ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠳᠥᠷᠪᠡᠳᠦᠭᠡᠷ ᠪᠦᠯᠦᠭ –4>᠂ ᠬᠤᠷᠠᠯᠲᠠᠢ ᠶᠢᠨ ᠡᠰᠡᠷᠭᠦ ᠬᠤᠷᠠᠯᠳᠠᠢ Бүргэд харьд үүрэлдэггүй – Ж᠂ Пүрэв <4-р бүлэг ~4>. хуралтайн эсрэг хуралтай ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠳᠥᠷᠪᠡᠳᠦᠭᠡᠷ ᠪᠦᠯᠦᠭ –4>᠂ ᠬᠤᠷᠠᠯᠲᠠᠢ ᠶᠢᠨ ᠡᠰᠡᠷᠭᠦ ᠬᠤᠷᠠᠯᠳᠠᠢ Бүргэд харьд үүрэлдэггүй – Ж᠂ Пүрэв <4-р бүлэг ~4>. хуралтайн эсрэг хуралтай

ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠳᠥᠷᠪᠡᠳᠦᠭᠡᠷ ᠪᠦᠯᠦᠭ –4>᠂ ᠬᠤᠷᠠᠯᠲᠠᠢ ᠶᠢᠨ ᠡᠰᠡᠷᠭᠦ ᠬᠤᠷᠠᠯᠳᠠᠢ Бүргэд харьд үүрэлдэггүй – Ж᠂ Пүрэв <4-р бүлэг ~4>. хуралтайн эсрэг хуралтай

ᠠᠩᠭᠢᠯᠠᠯ:ᠲᠤᠭᠤᠵᠢ ᠷᠣᠮᠠᠨ
2026-06-19

32

ᠳᠥᠷᠪᠡ᠂ ᠬᠤᠷᠠᠯᠳᠠᠢ ᠶ᠋ᠢᠨ ᠡᠰᠡᠷᠭᠦ ᠬᠤᠷᠠᠯᠲᠠᠢ


       ᠱᠠᠩᠳᠤ ᠬᠣᠲᠠ ᠠ᠋ᠴᠠ ᠬᠤᠪᠢᠯᠠᠢ ᠨᠢᠭᠡᠨ ᠰᠦᠷ ᠳᠤᠤᠯᠢᠶᠠᠨᠲᠠᠢ ᠵᠠᠷ ᠭᠠᠷᠭᠠᠵᠤ ᠥᠪᠡᠷ ᠢ᠋ ᠪᠡᠨ ᠶᠡᠬᠡ ᠬᠠᠭᠠᠨ ᠳ᠋ᠤ᠌《ᠡᠷᠭᠦᠮᠵᠢᠯᠡᠭᠳᠡᠯ᠎ᠡ》 ᠭᠡᠮᠡᠨ  ᠴᠤᠤᠷᠢᠶᠠᠲᠤᠭᠤᠯᠵᠠᠢ᠃ ᠬᠤᠪᠢᠯᠠᠢ ᠡᠨᠡ ᠦᠭᠡ ᠪᠡᠨ ᠠᠯᠪᠠᠨ ᠶᠣᠰᠣ ᠪᠠᠷ ᠠᠷᠢᠬᠪᠦᠢ᠍ᠬᠡ ᠳ᠋ᠦ᠍ ᠪᠡᠨ ᠲᠤᠰᠬᠠᠢᠯᠠᠨ ᠮᠡᠳᠡᠭᠳᠡᠭᠰᠡᠨ ᠦᠭᠡᠢ ᠨᠢ ᠲᠡᠭᠦᠨ ᠢ᠋ ᠲᠣᠭᠣᠵᠤ ᠦᠵᠡᠬᠦ ᠦᠭᠡᠢ ᠪᠠᠢᠭ᠎ᠠ ᠪᠠᠢᠳᠠᠯ ᠬᠠᠷᠢᠭᠤᠯᠬᠤ ᠭᠡᠰᠡᠨ ᠪᠣᠯᠤᠯᠲᠠᠢ᠃ ᠬᠠᠷᠢᠨ ᠬᠤᠪᠢᠯᠠᠢ ᠡᠬᠡ ᠰᠤᠷᠬᠤᠬᠠᠲᠠᠨᠢ ᠳ᠋ᠤ᠌ ᠪᠠᠨ ᠬᠥᠮᠦᠨ ᠵᠠᠷᠤᠵᠤ ᠠᠮᠠ ᠪᠠᠷ《ᠪᠢ ᠶᠡᠬᠡ ᠤᠯᠤᠰ ᠤ᠋ᠨ ᠶᠡᠬᠡ ᠬᠠᠭᠠᠨ ᠳ᠋ᠤ᠌ ᠡᠷᠭᠦᠮᠵᠢᠯᠡᠭᠳᠡᠯ᠎ᠡ》᠃ ᠲᠠ ᠬᠦᠦ ᠪᠡᠨ ᠠᠬ᠎ᠠ ᠮᠥᠩᠬᠡ ᠶ᠋ᠢᠨ ᠣᠷᠣ ᠶ᠋ᠢ ᠵᠠᠯᠭᠠᠮᠵᠢᠯᠠᠵᠤ ᠪᠠᠢᠭ᠎ᠠ ᠳ᠋ᠤ᠌ ᠪᠡᠶᠡᠰᠦᠨ ᠵᠠᠯᠪᠠᠷᠢᠵᠤ ᠪᠣᠢ ᠪᠢᠵᠡ᠃ ᠨᠠᠮᠠᠶ᠋ᠢ ᠱᠠᠩᠳᠤ ᠬᠣᠲᠠ ᠶ᠋ᠢᠨ ᠣᠷᠴᠢᠨ ᠳ᠋ᠤ᠌ ᠪᠠᠢᠭ᠎ᠠ ᠤᠭᠰᠠᠭᠠᠨ ᠤ᠋ ᠨᠣᠶᠠᠳ᠂ ᠴᠡᠷᠢᠭ ᠦ᠋ᠨ ᠶᠡᠬᠡ ᠵᠠᠩᠵᠤᠨ ᠨᠤᠭᠤᠳ ᠬᠤᠷᠠᠯᠳᠠᠢ ᠬᠢᠨ ᠡᠷᠭᠦᠮᠵᠢᠯᠡᠭᠰᠡᠨ ᠭᠡᠮᠡᠨ ᠬᠡᠯᠡᠭᠦᠯᠦᠭᠡᠳ ᠮᠢᠨᠦ ᠪᠣᠯᠤᠨ ᠲᠥᠷᠥ ᠲᠦᠮᠡᠨ ᠦ᠌ ᠦᠢᠯᠡᠰ ᠪᠠᠳᠠᠷᠠᠵᠤ ᠪᠠᠢᠬᠤ ᠶ᠋ᠢ ᠲᠠ ᠪᠤᠷᠬᠠᠨ ᠳ᠋ᠤ᠌ ᠪᠠᠨ ᠵᠠᠯᠪᠠᠷᠢᠵᠤ ᠪᠠᠢᠭᠠᠷᠠᠢ! ᠭᠡᠮᠡᠨ ᠵᠠᠬᠢᠭᠰᠠᠨ ᠪᠠᠢᠪᠠ᠃ 
       ᠬᠤᠪᠢᠯᠠᠢ ᠠ᠋ᠴᠠ ᠠᠷᠢᠬᠪᠦᠢ᠍ᠬᠡ ᠳ᠋ᠦ᠍ ᠥᠭᠡᠷ᠎ᠡ ᠤᠳᠬ᠎ᠠ ᠲᠠᠢ ᠠᠯᠪᠠᠨ ᠶᠣᠰᠣᠨ ᠤ᠋ ᠪᠢᠴᠢᠭ ᠢᠷᠡᠭᠦᠯᠬᠦ ᠳ᠋ᠦ᠍ ᠪᠡᠨ ᠲᠡᠭᠦᠨ ᠢ᠋ ᠬᠠᠷᠠᠬᠣᠷᠣᠮ ᠤ᠋ᠨ ᠵᠠᠬᠢᠷᠤᠭᠴᠢ ᠶ᠋ᠢᠨ ᠬᠤᠪᠢ ᠳ᠋ᠤ᠌ ᠬᠠᠢᠳᠥ ᠮᠡᠲᠦ ᠶ᠋ᠢᠨ ᠥᠭᠡᠳᠡᠢ ᠶ᠋ᠢᠨ ᠤᠭᠰᠠᠭᠠᠨ ᠤ᠋ ᠨᠣᠶᠠᠳ ᠠ᠋ᠴᠠ ᠰᠡᠷᠭᠡᠢᠯᠡᠨ ᠠᠩᠬᠠᠷᠤᠯᠲᠠᠢ ᠪᠠᠢᠬᠤ ᠶ᠋ᠢ ᠰᠠᠨᠠᠭᠤᠯᠤᠨ᠂ ᠶᠡᠬᠡ ᠬᠠᠭᠠᠨ ᠤ᠋ ᠵᠠᠷᠯᠢᠭ ᠲᠤᠰᠢᠶᠠᠯ ᠰᠢᠢᠳᠪᠦᠷᠢ ᠶ᠋ᠢ ᠭᠦᠢᠴᠡᠳ ᠬᠠᠩᠭᠠᠨ ᠪᠡᠶᠡᠯᠡᠭᠦᠯᠵᠦ ᠪᠣᠢ ᠭᠡᠰᠡᠨ ᠰᠠᠨᠠᠭ᠎ᠠ ᠪᠦᠬᠦᠢ ᠵᠦᠢᠯ ᠢ᠋ ᠳᠤᠷᠠᠳᠤᠭᠠᠳ᠂ ᠮᠣᠩᠭᠣᠯ ᠤ᠋ᠨ ᠶᠡᠬᠡ ᠤᠯᠤᠰ ᠤ᠋ᠨ ᠶᠡᠬᠡ ᠬᠠᠭᠠᠨ ᠭᠡᠵᠦ ᠭᠠᠷ ᠤ᠋ᠨ ᠢ᠋ᠶ᠋ᠠᠨ ᠦᠰᠦᠭ ᠢ᠋ ᠵᠢᠷᠤᠭᠰᠠᠨ ᠪᠠᠢᠪᠠ᠃ ᠡᠭᠦᠨ ᠢ᠋ ᠠᠷᠢᠬᠪᠦᠢ᠍ᠬᠡ ᠦᠵᠡᠭᠡᠳ ᠡᠬᠡ ᠰᠤᠷᠬᠤᠬᠠᠲᠠᠨᠢ ᠳ᠋ᠤ᠌ ᠪᠠᠨ ᠶᠠᠭᠠᠷᠠᠨ ᠮᠡᠳᠡᠭᠳᠡᠭᠡᠳ᠂ ᠬᠠᠷᠠᠬᠣᠷᠣᠮ ᠳ᠋ᠤ᠌ ᠬᠢᠬᠦ ᠪᠡᠷ ᠲᠣᠪᠯᠠᠭᠰᠠᠨ ᠶᠡᠬᠡ ᠬᠤᠷᠠᠯᠳᠠᠢ ᠳ᠋ᠤ᠌ ᠥᠪᠡᠷ ᠢ᠋ ᠨᠢ ᠢᠷᠡᠭᠡᠴᠢ ᠭᠡᠵᠦ ᠲᠠᠨ ᠤ᠋ ᠨᠡᠷ᠎ᠡ ᠪᠡᠷ ᠵᠠᠯᠠᠯᠭ᠎ᠠ ᠶᠠᠪᠤᠭᠤᠯᠤᠭᠰᠠᠨ ᠢ᠋ ᠬᠤᠪᠢᠯᠠᠢ ᠠᠬ᠎ᠠ ᠢᠩᠭᠢᠵᠦ《ᠴᠢ ᠪᠢᠰᠢ᠂ ᠪᠢ ᠬᠠᠭᠠᠨ ᠪᠣᠯᠤᠭᠰᠠᠨ᠃ ᠪᠢ ᠴᠢᠮ᠎ᠠ ᠳᠡᠭᠡᠷ᠎ᠡ ᠣᠴᠢᠬᠤ ᠦᠭᠡᠢ᠂ ᠴᠢ ᠨᠠᠳᠠᠳᠤ ᠪᠠᠷᠠᠯᠬᠠᠨ ᠢᠷᠡᠬᠦ ᠶᠣᠰᠣᠲᠠᠢ》 ᠭᠡᠰᠡᠨ ᠰᠠᠨᠠᠭ᠎ᠠ ᠪᠠᠨ ᠢᠯᠡᠷᠬᠡᠢᠯᠡᠵᠡᠢ ᠭᠡᠵᠦ ᠪᠠᠭ᠎ᠠ ᠬᠦᠦ ᠨᠢ ᠡᠬᠡ ᠳ᠋ᠦ᠍ ᠪᠡᠨ ᠬᠡᠯᠡᠪᠡ᠃ ᠰᠤᠷᠠᠬᠤᠭᠠᠲᠠᠨᠢ ᠬᠠᠲᠤᠨ ᠬᠠᠭᠠᠨ ᠡᠬᠡ᠂ ᠬᠤᠪᠢᠯᠠᠢ ᠶ᠋ᠢᠨ ᠬᠣᠶᠠᠷ ᠪᠢᠴᠢᠭ ᠢ᠋ ᠰᠣᠨᠣᠰᠴᠤ ᠮᠡᠳᠡᠭᠡᠳ 
       — ᠬᠤᠪᠢᠯᠠᠢ ᠪᠦᠬᠦ ᠲᠠᠯ᠎ᠠ ᠪᠠᠷ ᠢ᠋ᠶ᠋ᠠᠨ ᠪᠢᠳᠡᠨ ᠲᠡᠢ ᠰᠠᠨᠠᠭ᠎ᠠ ᠪᠠᠨ ᠨᠢᠭᠡᠳᠬᠡᠬᠦ ᠡᠴᠡ ᠰᠢᠭᠤᠳ ᠲᠠᠲᠠᠭᠠᠯᠵᠠᠭᠰᠠᠨ ᠬᠥᠮᠦᠨ ᠪᠣᠯᠤᠭᠰᠠᠨ᠃ ᠲᠡᠭᠦᠨ ᠲᠡᠢ ᠴᠢ ᠲᠡᠢᠮᠦ ᠡᠢᠮᠦ ᠭᠡᠵᠦ ᠠᠬᠠᠴᠢᠯᠠᠨ ᠶᠠᠷᠢᠬᠤ ᠪᠣᠯᠤᠮᠵᠢ ᠦᠭᠡᠢ ᠪᠣᠯᠵᠠᠢ᠃ ᠤᠭ ᠨᠢ ᠶᠠᠭᠠᠬᠢᠬᠤ ᠶ᠋ᠢᠨ ᠠᠷᠭ᠎ᠠ ᠦᠭᠡᠢ ᠨᠠᠳᠠ ᠠ᠋ᠴᠠ ᠲᠥᠷᠥᠭᠰᠡᠨ᠃ ᠲᠤᠯᠤᠢ ᠠᠪᠤ ᠶ᠋ᠢᠨ ᠲᠠᠨᠢ ᠦᠷ᠎ᠡ᠂ ᠲᠠ ᠨᠠᠷ ᠨᠢᠭᠡ ᠶᠠᠰᠤ ᠴᠢᠰᠤᠨ ᠤ᠋ ᠬᠡᠦᠬᠡᠳ ᠦ᠋ᠳ ᠶᠦᠮ ᠰᠠᠨ᠃ ᠠᠷᠢᠬᠪᠦᠢ᠍ᠬᠡ ᠴᠢ ᠨᠠᠭᠠᠳᠤ ᠪᠢᠴᠢᠭ ᠦ᠋ᠳ ᠢ᠋ᠶ᠋ᠡᠨ ᠳᠡᠷᠭᠡᠳᠡ ᠪᠡᠨ ᠰᠢᠳᠠᠷᠯᠠᠳᠠᠭ ᠰᠦᠷᠲᠦ ᠰᠦᠢᠲᠦ ᠨᠣᠶᠠᠨ᠂ ᠠᠯᠠᠭᠲᠠᠢ ᠵᠠᠩᠵᠤᠨ ᠵᠡᠷᠭᠡ ᠲᠣᠭᠣᠨᠣ ᠶ᠋ᠢᠨ ᠨᠣᠶᠠᠳ ᠲᠤ ᠪᠠᠨ ᠦᠵᠡᠭᠦᠯᠦᠭᠡᠳ᠂ ᠨᠢᠭᠡᠨᠲᠡ ᠵᠠᠷᠯᠠᠭᠰᠠᠨ ᠶᠡᠬᠡ ᠬᠤᠷᠠᠯᠲᠠᠢ ᠪᠠᠨ ᠰᠠᠭᠠᠳ ᠦᠭᠡᠢ ᠬᠢᠬᠦ ᠶ᠋ᠢ ᠬᠢᠴᠢᠶᠡᠨ ᠵᠢᠳᠬᠦ᠃ ᠴᠢ ᠨᠠᠳᠠᠲᠠᠢ ᠲᠡᠷᠡ ᠰᠢᠳᠠᠷ ᠨᠣᠶᠠᠳ ᠵᠠᠩᠵᠤᠨ ᠨᠤᠭᠤᠳ ᠢ᠋ᠶ᠋ᠠᠨ ᠳᠠᠷᠤᠢ ᠠᠭᠤᠯᠵᠠᠭᠤᠯᠬᠤ ᠶ᠋ᠢ ᠪᠣᠳᠣᠭᠠᠷᠠᠢ! ᠪᠢ ᠲᠡᠳᠡᠨ ᠳ᠋ᠦ᠍ ᠠᠮᠢᠨᠴᠢᠯᠠᠨ ᠬᠡᠯᠡᠬᠦ ᠦᠭᠡ ᠪᠠᠢᠨ᠎ᠠ᠃ ᠬᠤᠪᠢᠯᠠᠢ ᠠ᠋ᠴᠠ ᠪᠢᠳᠡ ᠶᠠᠮᠠᠷ ᠴᠦ᠍ ᠠᠪᠤᠷᠠᠯ ᠭᠤᠶᠤᠬᠤ ᠦᠭᠡᠢ ᠰᠢᠦ! ᠭᠡᠵᠦ ᠪᠠᠭ᠎ᠠ ᠬᠦᠦ ᠳ᠋ᠦ᠍ ᠪᠡᠨ ᠬᠡᠯᠡᠵᠡᠢ᠃ 
       ᠠᠷᠢᠬᠪᠦᠢ᠍ᠬᠡ ᠡᠬᠡ ᠶ᠋ᠢᠨ ᠢ᠋ᠶ᠋ᠡᠨ ᠰᠤᠷᠭᠠᠵᠤ ᠪᠠᠢᠭ᠎ᠠ ᠶᠣᠰᠣᠭᠠᠷ ᠨᠡᠷ᠎ᠡ ᠪᠦᠬᠦᠢ ᠰᠢᠳᠠᠷ ᠬᠥᠮᠦᠰ ᠢ᠋ᠶ᠋ᠡᠨ ᠳᠠᠭᠤᠳᠠᠭᠤᠯᠤᠨ ᠬᠤᠪᠢᠯᠠᠢ ᠶ᠋ᠢᠨ ᠪᠢᠴᠢᠭ ᠦ᠋ᠳ ᠢ᠋ ᠲᠠᠨᠢᠯᠴᠠᠭᠤᠯᠤᠨ ᠶᠠᠷᠢᠯᠴᠠᠵᠠᠢ᠃ ᠲᠡᠳᠡ ᠬᠤᠪᠢᠯᠠᠢ ᠶ᠋ᠢᠨ ᠬᠡᠯᠡᠭᠦᠯᠦᠭᠰᠡᠨ ᠦᠭᠡ᠂ ᠢᠷᠡᠭᠦᠯᠦᠭᠰᠡᠨ ᠪᠢᠴᠢᠭ ᠢ᠋ ᠶᠡᠬᠡᠳᠡ ᠳᠤᠷ᠎ᠠ ᠦᠭᠡᠢᠴᠡᠨ ᠦᠵᠡᠵᠦ᠂ ᠰᠢᠭᠤᠳ ᠵᠢᠭᠰᠢᠬᠦ ᠪᠠᠢᠳᠠᠯ ᠢ᠋ᠶ᠋ᠠᠷ ᠡᠰᠡᠷᠭᠦᠴᠡᠬᠦ ᠴᠢᠨᠠᠷ ᠤ᠋ᠨ ᠬᠠᠲᠠᠭᠤ ᠦᠭᠡ ᠨᠦ᠍ᠭᠦᠳ ᠬᠡᠯᠡᠵᠦ《ᠬᠤᠪᠢᠯᠠᠢ ᠶ᠋ᠢ ᠪᠢᠳᠡ ᠲᠣᠯᠣᠭᠠᠢ ᠳᠡᠭᠡᠷ᠎ᠡ ᠪᠡᠨ ᠭᠠᠷᠭᠠᠪᠠᠯ ᠬᠢᠲᠠᠳ ᠨᠣᠶᠠᠳ ᠤ᠋ᠨ ᠬᠥᠯ ᠳᠣᠣᠷ᠎ᠠ ᠰᠥᠬᠥᠷᠡᠨ ᠤᠨᠠᠯ᠎ᠠ ᠭᠡᠰᠡᠨ ᠦᠭᠡ》 ᠭᠡᠵᠦ ᠬᠡᠯᠡᠵᠦ ᠪᠠᠢᠯ᠎ᠠ᠃ ᠡᠨᠳᠡ ᠣᠯᠳᠠᠭᠠᠰᠢ᠂ ᠰᠡᠷᠢᠭᠡᠨ᠂ ᠠᠰᠠᠭᠤᠳᠠᠢ᠂ ᠰᠦᠢᠲᠦ᠂ ᠠᠯᠠᠭᠲᠠᠢ᠂ ᠳᠤᠷᠳᠤᠩ ᠵᠡᠷᠭᠡ ᠨᠣᠶᠠᠳ ᠪᠠᠢᠪᠠ᠃ 
       ᠰᠦᠢᠲᠦ ᠨᠣᠶᠠᠨ ᠪᠣᠯ ᠰᠢᠳᠤᠷᠭᠤ᠂ ᠠᠯᠪᠠᠷᠬᠠᠭ᠂ ᠬᠠᠲᠠᠭᠤ ᠪᠠᠢᠷᠢ ᠰᠠᠭᠤᠷᠢᠲᠠᠢ᠂ ᠮᠥᠩᠬᠡ ᠬᠠᠭᠠᠨ ᠤ᠋ ᠨᠢᠭᠡ ᠲᠤᠯᠭᠠᠭᠤᠷᠢ ᠨᠢ ᠪᠣᠯᠵᠤ ᠪᠠᠢᠭᠰᠠᠨ᠂ ᠡᠳᠦᠭᠡ ᠠᠷᠤ ᠭᠠᠵᠠᠷ ᠲᠤ ᠪᠠᠨ ᠨᠡᠷ᠎ᠡ ᠨᠥᠯᠥᠭᠡ ᠯᠤᠲᠤ ᠶᠡᠬᠡᠲᠡᠢ᠂ ᠪᠠᠷᠤᠭ ᠯᠠ ᠠᠷᠢᠬᠪᠦᠢ᠍ᠬᠡ ᠶ᠋ᠢᠨ ᠳᠠᠷᠠᠭ᠎ᠠ ᠣᠷᠣᠳᠠᠭ ᠡᠷᠬᠡ ᠮᠠᠲᠠᠯ ᠲᠠᠢ ᠨᠠᠰᠤ ᠪᠡᠶ᠎ᠡ ᠠᠬᠢᠵᠤ ᠶᠠᠪᠤᠭ᠎ᠠ ᠨᠣᠶᠠᠨ᠃  
       ᠠᠯᠠᠨᠳᠠᠷ ᠪᠣᠯ ᠶᠡᠷᠦ ᠡᠴᠡ ᠪᠡᠨ ᠴᠡᠷᠢᠭ ᠦ᠋ᠨ ᠶᠣᠰᠣ ᠵᠢᠷᠤᠮ ᠢ᠋ᠶ᠋ᠠᠷ ᠬᠥᠮᠦᠵᠢᠭᠰᠡᠨ᠂ ᠴᠡᠷᠢᠭ ᠲᠡᠢᠨ ᠦ᠌ ᠪᠣᠳᠣᠯᠭ᠎ᠠ ᠵᠡᠬᠡᠭᠰᠡᠨ ᠲᠡᠢ ᠭᠡᠵᠦ ᠦᠨᠡᠯᠡᠭᠳᠡᠳᠡᠭ᠂《ᠣᠷᠬᠣᠨ》 ᠲᠦᠮᠡᠲᠦ ᠶ᠋ᠢᠨ ᠴᠡᠷᠢᠭ ᠢ᠋ ᠰᠢᠭᠤᠳ ᠭᠠᠷ ᠲᠤ ᠪᠠᠨ ᠪᠠᠷᠢᠭᠰᠠᠨ᠂ ᠮᠥᠩᠬᠡ ᠬᠠᠭᠠᠨ ᠤ᠋ ᠨᠢᠭᠡ ᠭᠠᠷ ᠪᠣᠯᠵᠤ ᠢᠷᠡᠭᠰᠡᠨ᠂ ᠶᠠᠰᠤᠨ ᠠ᠋ᠴᠠ ᠪᠠᠨ ᠰᠢᠳᠤᠷᠭᠤ ᠵᠢᠳᠬᠦᠯᠲᠡᠢ᠂ ᠠᠷᠢᠬᠪᠦᠢ᠍ᠬᠡ ᠶ᠋ᠢ ᠥᠪᠡᠷ ᠦ᠋ᠨ ᠬᠡᠦᠬᠡᠳ  ᠠᠳᠠᠯᠢ ᠦᠵᠡᠳᠡᠭ ᠡᠷ᠎ᠡ᠃ ᠡᠨᠡ ᠵᠠᠩᠵᠤᠨ ᠬᠤᠪᠢᠯᠠᠢ ᠳ᠋ᠤ᠌ ᠣᠴᠢᠵᠤ ᠨᠠᠭᠠᠯᠳᠤᠭᠰᠠᠨ ᠶᠢᠰᠥᠩᠭᠡ ᠵᠠᠩᠵᠤᠨ ᠲᠠᠢ ᠬᠠᠮᠲᠤ ᠲᠡᠢᠨ ᠳᠣᠯᠣᠭᠠᠨ ᠳ᠋ᠤ᠌ ᠶᠠᠪᠤᠵᠤ ᠪᠠᠢᠭᠰᠠᠨ ᠲᠡᠭᠦᠨ ᠲᠡᠢ ᠳᠣᠲᠣᠨᠣ ᠦᠶᠡᠷᠬᠡᠵᠦ ᠪᠠᠢᠭᠰᠠᠨ᠃ ᠣᠳᠣ ᠴᠦ᠍ ᠠᠮᠤᠷ ᠮᠡᠨᠳᠦ ᠲᠡᠢ ᠶᠠᠪᠤᠳᠠᠭ ᠪᠢᠯᠡ᠃ 
       ᠨᠡᠷ᠎ᠡ ᠪᠦᠬᠦᠢ ᠠᠷᠪᠠᠭᠠᠳ ᠨᠣᠶᠠᠳ ᠲᠠᠢ ᠰᠤᠷᠬᠤᠭᠲᠠᠨᠢ ᠬᠠᠲᠤᠨ ᠦᠷᠭᠦᠭᠡᠨ ᠳ᠋ᠦ᠍ ᠪᠡᠨ ᠠᠭᠤᠯᠵᠠᠵᠠᠢ᠃ ᠡᠷᠲᠡᠨ ᠦ᠌ ᠰᠤᠷᠪᠤᠯᠵᠢᠲᠤ᠂ ᠶᠡᠬᠡ ᠬᠠᠭᠠᠨ ᠤ᠋ ᠡᠬᠡ ᠶᠠᠪᠤᠭᠰᠠᠨ᠂ ᠪᠣᠯᠪᠠᠰᠤᠷᠠᠯ ᠥᠨᠳᠥᠷ ᠲᠡᠢ᠂ ᠣᠯᠠᠨ ᠬᠦᠦᠲᠦ᠂ ᠬᠠᠲᠤᠳ ᠶᠤᠭᠠᠨ ᠲᠥᠷᠥ ᠶ᠋ᠢᠨ ᠶᠣᠰᠣ ᠵᠢᠷᠤᠮ ᠳ᠋ᠤ᠌ ᠭᠠᠢᠬᠠᠯᠲᠠᠢ ᠰᠠᠢᠬᠠᠨ ᠰᠤᠷᠭᠠᠭᠰᠠᠨ ᠡᠬᠡ ᠣᠳᠣ ᠴᠦ᠍ ᠪᠦᠬᠦᠨ ᠳ᠋ᠦ᠍ ᠬᠦᠨᠳᠦᠯᠡᠭᠳᠡᠭᠰᠡᠨ᠂ ᠮᠣᠩᠭᠣᠯ ᠨᠤᠲᠤᠭ ᠤ᠋ᠨ ᠦᠨᠳᠦᠰᠦᠨ ᠬᠥᠮᠦᠰ ᠦ᠋ᠨ ᠡᠬᠡ ᠪᠣᠯᠵᠤ ᠶᠠᠪᠤᠭ᠎ᠠ ᠥᠨᠳᠥᠷ ᠠᠯᠳᠠᠷ ᠲᠠᠢ ᠪᠢᠯᠡ᠃ ᠬᠡᠨ ᠴᠦ᠍ ᠠᠲᠤᠭᠠᠢ ᠰᠤᠷᠬᠤᠭᠲᠠᠨᠢ ᠬᠠᠲᠤᠨ ᠤ᠋ ᠦᠭᠡ ᠶ᠋ᠢ ᠵᠠᠪᠠᠯ ᠰᠣᠨᠣᠰᠴᠤ᠂ ᠪᠣᠳᠣᠯ ᠰᠠᠨᠠᠭ᠎ᠠ ᠶ᠋ᠢ ᠬᠤᠭᠤᠯᠵᠤ ᠨᠤᠭᠤᠯᠬᠤ ᠦᠭᠡᠢ ᠪᠠᠢᠬᠤ ᠶ᠋ᠢ ᠡᠷᠬᠢᠮᠯᠡᠳᠡᠭ ᠠᠵᠢ᠃ ᠡᠢᠮᠦ ᠬᠥᠮᠦᠨ ᠥᠷᠭᠥᠭᠡ ᠭᠡᠷ ᠲᠦ᠍ ᠪᠡᠨ ᠨᠣᠶᠠᠳ ᠢ᠋ ᠣᠷᠣᠵᠤ ᠢᠷᠡᠬᠦ ᠪᠡᠷ ᠳᠠᠢᠯᠠᠵᠤ ᠴᠠᠢᠯᠠᠨ᠂ ᠰᠠᠢᠬᠠᠨ ᠦᠭᠡ ᠪᠡᠷ ᠲᠡᠳᠡᠨ ᠲᠡᠢ ᠶᠠᠷᠢᠯᠴᠠᠭᠰᠠᠨ ᠪᠠᠢᠨ᠎ᠠ᠃ ᠠᠪᠠᠭᠠᠢ ᠶ᠋ᠢᠨ ᠦᠭᠡ ᠶ᠋ᠢ ᠬᠥᠮᠦᠨ ᠪᠣᠯᠭᠠᠨ ᠠᠩᠬᠠᠷᠴᠤ ᠰᠣᠨᠣᠰᠤᠨ᠎ᠠ᠃ 
       — ᠶᠠᠮᠠᠷ ᠭᠡᠭᠴᠢ ᠴᠠᠭ ᠢᠷᠡᠵᠦ ᠪᠠᠢᠭ᠎ᠠ ᠶ᠋ᠢ ᠪᠢ ᠮᠡᠳᠡᠬᠦ ᠪᠡᠨ ᠪᠠᠢᠯ᠎ᠠ᠃ ᠡᠵᠡᠨ ᠪᠣᠭᠳᠠ ᠶ᠋ᠢᠨ ᠮᠢᠨᠢ ᠥᠷᠥᠰᠢᠶᠡᠨ ᠲᠠᠭᠠᠯᠠᠵᠤ ᠬᠠᠢᠷᠠᠯᠠᠭᠰᠠᠨ《ᠶᠡᠬᠡ ᠵᠠᠰᠠᠭ》 ᠬᠠᠤᠯᠢ ᠪᠠᠨ ᠲᠣᠭᠣᠵᠤ ᠦᠵᠡᠬᠦ ᠦᠭᠡᠢ ᠪᠣᠯᠵᠤ ᠪᠠᠢᠭ᠎ᠠ ᠬᠡᠷᠡᠭ ᠪᠢᠰᠢ ᠪᠠᠢᠭ᠎ᠠ ᠭᠡᠵᠦ ᠳᠣᠲᠣᠷ᠎ᠠ ᠪᠠᠨ ᠪᠤᠬᠢᠨᠢᠳᠤᠬᠤ ᠶᠤᠮ᠃ ᠮᠢᠨᠦ ᠪᠤᠬᠢᠨᠢᠳᠤᠬᠤ ᠴᠦ᠍《ᠣᠭᠣᠲᠣᠨ᠎ᠠ ᠳᠠᠭᠤ ᠲᠩᠷᠢ ᠳ᠋ᠦ᠍ ᠬᠦᠷᠬᠦ ᠦᠭᠡᠢ》 ᠭᠡᠳᠡᠭ ᠪᠢᠵᠡ ᠳᠡ᠁ ᠭᠡᠮᠡᠨ ᠶᠠᠷᠢᠵᠤ ᠪᠠᠢᠭᠠᠳ᠂ ᠬᠤᠪᠢᠯᠠᠢ ᠶ᠋ᠢ ᠥᠪᠡᠷ ᠢ᠋ ᠪᠡᠨ ᠬᠠᠭᠠᠨ ᠳ᠋ᠤ᠌《ᠡᠷᠭᠦᠮᠵᠢᠯᠡᠭᠰᠡᠨ》 ᠭᠡᠳᠡᠭ ᠢ᠋ ᠨᠢ ᠪᠤᠷᠤᠭᠤᠰᠢᠶᠠᠵᠤ ᠦᠵᠡᠨ 
       — ᠡᠳᠡᠨ ᠦ᠌ ᠠᠯᠢ ᠨᠢ ᠴᠦ᠍ ᠣᠷᠣ ᠰᠠᠭᠤᠭᠰᠠᠨ ᠨᠠᠳᠠᠳᠤ ᠢᠯᠭᠠᠭ᠎ᠠ ᠠᠯᠠᠭ᠎ᠠ᠃ ᠭᠠᠭᠴᠠᠬᠠᠨ《ᠶᠡᠬᠡ ᠵᠠᠰᠠᠭ》 ᠬᠠᠤᠯᠢᠨ ᠳ᠋ᠤ᠌ ᠵᠢᠭᠠᠭᠰᠠᠨ ᠵᠢᠷᠤᠮ ᠢ᠋ᠶ᠋ᠠᠷ ᠢ᠋ᠶ᠋ᠠᠨ ᠣᠯᠠᠨ ᠨᠣᠶᠠᠳ ᠤ᠋ᠨ ᠶᠡᠬᠡ ᠬᠤᠷᠠᠯᠳᠠᠢ ᠶ᠋ᠢ ᠶᠣᠰᠣ ᠪᠠᠷ ᠨᠢ ᠬᠢᠭᠡᠳ ᠣᠯᠠᠨ ᠤ᠋ ᠰᠠᠨᠠᠯ ᠢ᠋ᠶ᠋ᠠᠷ ᠡᠷᠭᠦᠮᠵᠢᠯᠡᠭᠳᠡᠪᠡᠯ ᠵᠢᠩᠬᠢᠨᠢ ᠬᠠᠤᠯᠢ ᠶᠣᠰᠣᠨ ᠤ᠋ ᠬᠠᠭᠠᠨ ᠪᠣᠯᠤᠨ᠎ᠠ ᠰᠢᠦ ᠳᠡ᠃ ᠬᠤᠪᠢᠯᠠᠢ ᠲᠡᠭᠡᠭᠡᠳ ᠯᠡ ᠬᠠᠭᠠᠨ ᠰᠠᠭᠤᠬᠤ  ᠪᠣᠯ ᠬᠡᠨ ᠶᠠᠭᠤ ᠭᠡᠬᠦ ᠪᠣᠢ᠃ ᠡᠢᠮᠦ ᠳ᠋ᠦ᠍ ᠲᠠ ᠪᠦᠬᠦᠨ ᠠᠷᠢᠬᠪᠦᠢ᠍ᠬᠡ ᠶ᠋ᠢ ᠮᠢᠨᠢ ᠳᠡᠮᠵᠢᠭᠡᠷᠡᠢ᠃ ᠪᠢ ᠡᠭᠦᠨ ᠢ᠋ ᠭᠤᠶᠤᠶ᠎ᠠ ᠬᠦᠦ ᠮᠢᠨᠢ ᠨᠢᠯᠬ᠎ᠠ ᠪᠠᠷ ᠢ᠋ᠶ᠋ᠠᠨ ᠶᠠᠪᠤᠭ᠎ᠠ ᠠᠮᠢᠲᠠᠨ ᠰᠢᠦ᠃ ᠵᠠ ᠶᠡᠬᠡ ᠬᠤᠷᠠᠯᠳᠠᠢ ᠳ᠋ᠤ᠌ ᠪᠠᠨ ᠪᠦᠭᠦᠳᠡ ᠣᠷᠣᠯᠴᠠᠨ ᠰᠠᠢᠨ ᠪᠡᠯᠡᠳᠬᠡᠭᠡᠷᠡᠢ! ᠭᠡᠮᠡᠨ ᠬᠦᠰᠡᠯ᠎ᠡ᠃ ᠲᠡᠭᠡᠭᠡᠳ ᠬᠠᠷᠠᠬᠣᠷᠣᠮ ᠳᠠᠶᠠᠭᠠᠷ ᠬᠤᠷᠠᠯᠲᠠᠢ ᠳ᠋ᠤ᠌ ᠪᠡᠯᠡᠳᠬᠡᠬᠦ ᠠᠵᠢᠯ ᠳ᠋ᠤ᠌ ᠪᠤᠵᠢᠭᠢᠨᠠᠨ ᠣᠷᠣᠪᠠ᠃ ᠳᠡᠭᠡᠳᠦ ᠬᠠᠭᠠᠳ ᠤ᠋ᠨ ᠵᠢᠷᠤᠮ ᠢ᠋ᠶ᠋ᠠᠷ ᠬᠤᠷᠠᠯᠲᠠᠢ ᠶ᠋ᠢ ᠶᠠᠭ ᠬᠠᠷᠠᠬᠣᠷᠣᠮ ᠬᠣᠲᠠ ᠳ᠋ᠤ᠌ ᠪᠢᠰᠢ᠂ ᠣᠢᠷᠠᠯᠴᠠᠭ᠎ᠠ ᠦᠵᠢᠰᠭᠦᠯᠡᠩ ᠲᠡᠭᠦᠯᠳᠡᠷ ᠠᠭᠤᠳᠠᠮ ᠴᠡᠯᠡᠭᠡᠷ ᠬᠥᠳᠡᠭᠡ ᠭᠠᠵᠠᠷ ᠬᠢᠶ᠎ᠡ ᠭᠡᠵᠦ ᠨᠡᠢᠰᠯᠡᠯ ᠦ᠋ᠨ ᠵᠥᠪᠯᠡᠯ ᠰᠢᠢᠳᠦᠨ ᠲᠡᠳᠡ ᠣᠷᠬᠣᠨ ᠭᠣᠣᠯ ᠥᠭᠡᠳᠡ ᠨᠠᠯᠢᠶᠠᠨ ᠳᠡᠭᠡᠭᠡ(ᠳᠡᠭᠡᠷ᠎ᠡ)  ᠨᠢ ᠭᠠᠵᠠᠷ ᠰᠣᠩᠭᠣᠨ ᠣᠯᠵᠤ᠂ ᠲᠡᠷᠡ ᠥᠩᠭᠡ ᠶ᠋ᠢᠨ ᠴᠡᠴᠡᠭ ᠳᠡᠯᠭᠡᠷᠡᠭᠰᠡᠨ ᠠᠭᠤᠳᠠᠮ ᠨᠣᠭᠣᠭᠠᠨ ᠠᠮᠠᠨ ᠳ᠋ᠤ᠌ ᠣᠯᠠᠨ ᠥᠷᠭᠥᠭᠡ ᠭᠡᠷ᠂ ᠠᠰᠠᠷ ᠮᠠᠢᠬᠠᠨ ᠢ᠋ ᠴᠡᠷᠢᠭ ᠦ᠋ᠨ ᠬᠤᠸᠠᠷᠠᠨ ᠠᠳᠠᠯᠢ ᠡᠩᠨᠡᠭᠦᠯᠦᠨ᠂ ᠬᠡᠳᠦᠨ ᠭᠤᠳᠤᠮᠵᠢ ᠭᠠᠷᠭᠠᠨ ᠪᠠᠷᠢᠵᠤ᠂ ᠳᠣᠲᠣᠷ᠎ᠠ ᠨᠢ ᠴᠠᠭᠠᠨ ᠢᠰᠡᠭᠡᠢ ᠪᠢᠲᠡᠭᠦᠦ ᠳᠠᠪᠬᠤᠷᠯᠠᠨ ᠳᠡᠪᠢᠰᠴᠦ᠂ ᠶᠡᠬᠡᠰ ᠦ᠋ᠳ ᠢ᠋ ᠪᠠᠢᠷᠢᠯᠠᠭᠤᠯᠬᠤ ᠥᠷᠭᠥᠭᠡ ᠭᠡᠷ ᠲᠦ᠍ ᠠᠷᠠᠪ ᠬᠡᠪᠢᠰ᠂ ᠲᠥᠪᠡᠳ ᠱᠠᠩᠵᠠ ᠢᠰᠡᠭᠡᠢ ᠳᠠᠪᠬᠤᠷᠯᠠᠨ ᠲᠠᠯᠪᠢᠭᠠᠳ᠂ ᠬᠡᠨ ᠲᠡᠭᠦᠨ ᠳ᠋ᠦ᠍ ᠣᠷᠣᠭᠰᠠᠨ ᠴᠦ᠍ ᠭᠣᠯᠣᠭᠳᠠᠬᠤ ᠪᠠᠷ ᠦᠭᠡᠢ ᠪᠡᠷ ᠵᠠᠰᠠᠵᠠᠢ᠃ ᠣᠯᠠᠨ ᠠᠰᠠᠷ ᠮᠠᠢᠬᠠᠨ᠂ ᠭᠡᠷ ᠦ᠋ᠨ ᠳᠤᠮᠳᠠ ᠪᠠᠰᠠ ᠲᠣᠮᠣ ᠭᠡᠷ ᠪᠣᠰᠬᠠᠨ ᠭᠠᠯ ᠲᠣᠭᠣᠭᠠᠨ ᠤ᠋ ᠭᠠᠵᠠᠷ ᠤ᠋ᠳ ᠬᠡᠳᠦ ᠶ᠋ᠢ ᠪᠠᠢᠭᠤᠯᠤᠨ᠂ ᠶᠠᠩᠵᠤ ᠪᠦᠷᠢ ᠶ᠋ᠢᠨ ᠵᠣᠭᠣᠭ ᠪᠡᠯᠡᠳᠬᠡᠨ ᠬᠢᠬᠦ ᠬᠡᠷᠡᠭᠰᠡᠯ᠂ ᠨᠢᠲᠤᠯᠬᠤ ᠲᠠᠷᠭᠤᠨ ᠮᠠᠯ᠂ ᠰᠦ ᠠᠢᠷᠠᠭ᠂ ᠪᠤᠰᠤᠳ ᠠᠮᠲᠠᠲᠤ ᠢᠳᠡᠭᠡ ᠴᠠᠭ᠎ᠠ ᠶ᠋ᠢ ᠨᠥᠭᠡᠴᠡᠯᠡᠨ᠂ ᠬᠡᠴᠢᠨᠡᠨ ᠬᠥᠮᠦᠨ ᠬᠡᠳᠦᠨ ᠬᠣᠨᠣᠭ ᠬᠤᠷᠠᠯᠳᠤᠭᠰᠠᠨ ᠴᠦ᠍ ᠬᠦᠷᠦᠯᠴᠡᠬᠦ ᠬᠡᠮᠵᠢᠶᠡᠨ ᠦ᠌ ᠵᠣᠭᠣᠭ ᠬᠢᠬᠦ ᠪᠣᠯᠤᠮᠵᠢ ᠶ᠋ᠢ ᠬᠠᠩᠭᠠᠭᠰᠠᠨ ᠪᠠᠢᠨ᠎ᠠ᠃ ᠲᠡᠷᠡ ᠪᠦᠬᠦ ᠪᠡᠯᠡᠳᠬᠡᠯ ᠢ᠋ ᠠᠷᠢᠬᠪᠦᠢ᠍ᠬᠡ᠂ ᠰᠦᠢᠲᠦ ᠨᠣᠶᠠᠨ ᠨᠠᠷ ᠪᠡᠶᠡᠰ ᠢ᠋ᠶ᠋ᠡᠷ ᠢᠷᠡᠵᠦ ᠦᠵᠡᠭᠡᠳ《ᠡᠨᠳᠡ ᠶᠡᠬᠡ ᠬᠤᠷᠠᠯᠲᠠᠢ ᠶ᠋ᠢ ᠬᠢᠬᠦ ᠳ᠋ᠦ᠍ ᠶᠠᠮᠠᠷ ᠴᠦ᠍ ᠰᠠᠭᠠᠳ ᠠᠯᠠᠭ᠎ᠠ》 ᠭᠡᠵᠦ ᠬᠡᠯᠡᠵᠦ᠂ ᠣᠢᠷ᠎ᠠ ᠬᠠᠪᠢ ᠶ᠋ᠢᠨ ᠤᠯᠤᠰ ᠤ᠋ᠳ ᠢ᠋ᠶ᠋ᠠᠷ ᠬᠠᠮᠠᠭᠠᠯᠠᠨ ᠴᠡᠷᠢᠭ ᠦ᠋ᠨ ᠠᠩᠭᠢ ᠨᠤᠭᠤᠳ ᠢ᠋ ᠭᠠᠷᠭᠠᠨ ᠰᠠᠭᠤᠯᠭᠠᠭᠰᠠᠨ ᠠᠵᠢ᠃ ᠡᠨᠡ ᠠᠵᠢᠯ ᠳᠤ ᠬᠠᠷ᠎ᠠ ᠬᠣᠷᠣᠮᠴᠣᠳ᠂《ᠤᠷᠠᠳ》 ᠲᠦᠮᠡᠲᠦ ᠢᠳᠡᠪᠬᠢ ᠭᠠᠷᠭᠠᠨ ᠵᠣᠭᠰᠣᠭ᠎ᠠ ᠵᠠᠢ ᠦᠭᠡᠢ ᠠᠵᠢᠯᠯᠠᠨ᠂ ᠲᠡᠷᠡ ᠶᠡᠬᠡ ᠠᠵᠢᠯ ᠢ᠋ ᠠᠬᠠᠷᠬᠠᠨ ᠴᠠᠭ ᠲᠤ ᠭᠦᠢᠴᠡᠭᠡᠨ ᠬᠢᠯ᠎ᠡ᠃ ᠲᠣᠪᠯᠠᠭᠰᠠᠨ ᠴᠠᠭ ᠪᠣᠯᠬᠤ ᠪᠠᠷ ᠵᠠᠯᠠᠯᠭ᠎ᠠ ᠠᠢᠯᠠᠳᠬᠠᠭᠰᠠᠨ ᠨᠣᠶᠠᠳ ᠲᠠᠢᠵᠢ ᠨᠠᠷ᠂ ᠵᠠᠩᠵᠤᠨ ᠨᠤᠭᠤᠳ᠂ ᠬᠠᠷᠢ ᠣᠷᠣᠨ ᠠ᠋ᠴᠠ ᠵᠠᠯᠠᠯᠭ᠎ᠠ ᠶᠣᠰᠣᠭᠠᠷ ᠢᠷᠡᠬᠦ ᠶᠣᠰᠣᠲᠠᠢ ᠨᠣᠶᠠᠳ᠂ ᠯᠠᠮᠠ ᠨᠠᠷ ᠲᠤᠰ ᠤᠯᠤᠰ ᠲᠤ᠌ ᠰᠠᠭᠤᠭ᠎ᠠ ᠭᠠᠳᠠᠭᠠᠳᠤ ᠶ᠋ᠢᠨ ᠡᠯᠴᠢᠨ ᠰᠠᠢᠳ ᠤ᠋ᠳ ᠵᠣᠬᠢᠬᠤ ᠳᠠᠭᠠᠭᠤᠯ ᠤ᠋ᠳ ᠤ᠋ᠨ ᠢ᠋ᠶ᠋ᠠᠨ ᠬᠠᠮᠲᠤ ᠢᠷᠡᠵᠦ᠂ ᠬᠠᠷ᠎ᠠ ᠬᠣᠷᠣᠮ ᠳ᠋ᠤ᠌ ᠲᠦᠷ ᠪᠠᠭᠤᠳᠠᠯᠯᠠᠨ ᠰᠠᠭᠠᠳᠠᠭᠠᠳ᠂ ᠬᠤᠷᠠᠯᠳᠠᠢ ᠬᠢᠬᠦ ᠠᠭᠯᠠᠭ ᠬᠡᠭᠡᠷ᠎ᠡ ᠶ᠋ᠢᠨ ᠰᠠᠢᠬᠠᠨ ᠭᠠᠵᠠᠷ ᠲᠤ᠌ ᠬᠦᠷᠦᠯᠴᠡᠨ ᠣᠴᠢᠵᠤ᠂ ᠠᠷᠢᠭᠤᠨ ᠠᠭᠠᠷ ᠲᠤ᠌ ᠴᠢᠯᠡᠭᠦᠷ ᠲᠠᠢᠯᠤᠨ ᠲᠡᠷᠡ ᠦᠷᠭᠦᠭᠡᠨ ᠳ᠋ᠦ᠍ ᠪᠠᠭᠤᠳᠠᠯᠯᠠᠯ᠎ᠠ᠃ ᠲᠡᠳᠡᠨ ᠦ᠌ ᠳᠣᠲᠣᠷ᠎ᠠ ᠪᠦᠷ ᠬᠣᠯᠠ ᠠ᠋ᠴᠠ ᠷᠣᠮ ᠤ᠋ᠨ ᠨᠤᠲᠤᠭ ᠤ᠋ᠨ ᠵᠠᠭᠠᠯᠮᠠᠢᠲᠠᠨ ᠤ᠋ ᠬᠠᠮᠪᠤ ᠯᠠᠮᠠ ᠬᠦᠷᠲᠡᠯ᠎ᠡ ᠢᠷᠡᠵᠦ ᠣᠷᠣᠯᠴᠠᠭᠰᠠᠨ ᠪᠠᠢᠨ᠎ᠠ᠃ ᠭᠠᠭᠴᠠᠬᠠᠨ ᠡᠮᠦᠨᠡᠲᠦ ᠵᠦᠭ ᠡᠴᠡ ᠬᠤᠪᠢᠯᠠᠢ ᠪᠣᠯᠤᠨ ᠲᠡᠭᠦᠨ ᠦ᠌ ᠬᠡᠨ ᠨᠢᠭᠡᠨ ᠰᠢᠳᠠᠷ ᠬᠥᠮᠦᠨ ᠣᠷᠬᠣᠨ ᠳ᠋ᠤ᠌ ᠢᠷᠡᠭᠰᠡᠨ ᠦᠭᠡᠢ᠂ ᠢᠷᠡᠬᠦ ᠴᠦ᠍ ᠦᠭᠡᠢ ᠪᠣᠯᠪᠠ ᠤᠤ ᠭᠡᠵᠦ ᠪᠣᠳᠣᠵᠤ ᠪᠠᠢᠭᠰᠠᠨ ᠨᠢ ᠵᠥᠪ ᠪᠣᠯᠤᠯ᠎ᠠ᠃ ᠰᠤᠷᠬᠤᠭᠳᠠᠨᠢ ᠬᠠᠲᠤᠨ ᠪᠡᠶ᠎ᠡ ᠨᠢ ᠲᠠᠭᠠᠷᠠᠤᠬᠠᠨ ᠪᠠᠢᠭ᠎ᠠ ᠪᠣᠯᠪᠠᠴᠤ ᠵᠥᠭᠡᠯᠡᠨ ᠲᠡᠷᠭᠡ ᠪᠡᠷ ᠬᠤᠷᠠᠯᠲᠠᠢ ᠶ᠋ᠢᠨ ᠭᠠᠵᠠᠷ ᠲᠤ᠌ ᠢᠷᠡᠵᠦ᠂ ᠪᠤᠰᠤᠳ ᠢ᠋ᠶ᠋ᠠᠷ ᠳᠠᠮᠵᠢᠯᠠᠭᠤᠯᠤᠨ ᠠᠯᠬᠤᠭᠠᠳ ᠪᠠᠢᠷᠢᠨ ᠳ᠋ᠤ᠌ ᠣᠷᠣᠵᠠᠢ᠃ ᠰᠢᠳᠠᠷ ᠨᠣᠶᠠᠳ᠂ ᠥᠪᠡᠷ ᠦ᠋ᠨ ᠬᠠᠮᠰᠠᠭᠠᠲᠠᠨ ᠪᠣᠯᠬᠤ ᠴᠥᠭᠡᠨ ᠨᠣᠶᠠᠳ ᠲᠠᠢ ᠠᠭᠤᠯᠵᠠᠨ᠂ ᠬᠦᠦ ᠠᠷᠢᠬᠪᠦ᠋ᠬᠡ ᠶ᠋ᠢ ᠪᠡᠨ ᠳᠡᠮᠵᠢᠬᠦ ᠶ᠋ᠢ ᠳᠠᠬᠢᠨ ᠬᠦᠰᠡᠭᠰᠡᠨ ᠪᠠᠢᠨ᠎ᠠ᠃ ᠢᠷᠡᠭᠰᠡᠨ ᠣᠯᠠᠨ ᠬᠥᠭᠵᠢᠶᠡᠨᠲᠡᠢ᠂ ᠰᠡᠷᠭᠦᠯᠡᠩ ᠢᠳᠡᠪᠬᠢᠲᠡᠢ ᠪᠠᠢᠯ᠎ᠠ᠃ 
       ᠲᠣᠪᠯᠠᠭᠰᠠᠨ ᠴᠠᠭ ᠪᠣᠯᠬᠤ ᠳ᠋ᠤ᠌ ᠨᠣᠶᠠᠳ᠂ ᠭᠠᠳᠠᠭᠠᠳᠤ ᠶ᠋ᠢᠨ ᠭᠡᠢᠴᠢᠳ ᠰᠠᠢ ᠣᠶᠣᠭᠰᠠᠨ ᠲᠣᠷᠭᠠᠨ ᠠᠰᠠᠷ ᠲᠤ᠌ ᠬᠤᠷᠠᠨ ᠴᠤᠭᠯᠠᠷᠠᠪᠠ᠃ ᠮᠥᠩᠬᠡ ᠶ᠋ᠢ ᠬᠠᠭᠠᠨ ᠰᠠᠭᠤᠬᠤ ᠳ᠋ᠤ᠌ ᠬᠤᠷᠠᠯᠲᠠᠢ ᠳ᠋ᠤ᠌ ᠴᠤᠭᠯᠠᠷᠠᠭᠰᠠᠨ ᠬᠥᠮᠦᠰ ᠠᠰᠠᠷ ᠳᠦᠭᠦᠷᠡᠩ ᠣᠷᠣᠵᠤ ᠰᠠᠭᠤᠭᠰᠠᠨ ᠪᠠᠢᠨ᠎ᠠ᠃ ᠴᠢᠩᠭᠢᠰ ᠬᠠᠭᠠᠨ ᠤ᠋ ᠤᠭᠰᠠᠭᠠᠨ ᠨᠣᠶᠠᠨ ᠮᠣᠩᠭᠣᠯ ᠤᠯᠤᠰ ᠤ᠋ᠨ ᠶᠡᠬᠡ ᠬᠤᠷᠠᠯᠳᠠᠢ ᠶ᠋ᠢ ᠠᠯᠪᠠᠨ ᠶᠣᠰᠣ ᠪᠠᠷ ᠨᠡᠭᠡᠭᠡᠵᠦ ᠦᠭᠡ ᠬᠡᠯᠡᠬᠦ ᠳ᠋ᠦ᠍ ᠪᠡᠨ ᠤᠯᠤᠰ ᠭᠦᠷᠦᠨ ᠦ᠌ ᠡᠳᠦᠭᠡ ᠴᠠᠭ ᠤ᠋ᠨ ᠪᠠᠢᠳᠠᠯ᠂ ᠶᠡᠬᠡ ᠬᠠᠭᠠᠨ ᠤ᠋ ᠣᠷᠣ ᠶ᠋ᠢ ᠰᠣᠩᠭᠣᠨ ᠲᠠᠯᠪᠢᠬᠤ ᠲᠤᠬᠠᠢ ᠬᠡᠷᠡᠭ ᠦ᠋ᠳ ᠢ᠋ ᠡᠨᠡ ᠬᠤᠷᠠᠯᠳᠠᠢ ᠪᠠᠷ ᠬᠡᠯᠡᠯᠴᠡᠨ ᠰᠢᠢᠳᠪᠦᠷᠢᠯᠡᠬᠦ ᠪᠣᠯᠤᠨ᠎ᠠ ᠭᠡᠵᠦ ᠮᠡᠳᠡᠭᠳᠡᠯ᠎ᠡ᠃ ᠬᠤᠷᠠᠯᠳᠠᠢ ᠶ᠋ᠢ ᠨᠡᠭᠡᠭᠡᠭᠴᠢ ᠠᠳᠠ ᠮᠣᠷᠢᠯᠠᠨ ᠢᠷᠡᠭᠰᠡᠨ ᠨᠣᠶᠠᠳ ᠴᠢᠯᠥᠭᠡᠲᠡᠢ ᠪᠡᠷ ᠦᠭᠡ ᠬᠡᠯᠡᠵᠦ ᠰᠠᠨᠠᠯ ᠪᠣᠳᠣᠯ ᠢ᠋ᠶ᠋ᠠᠨ ᠠᠢᠯᠠᠳᠴᠤ ᠪᠣᠯᠤᠨ᠎ᠠ᠃ ᠤᠯᠤᠰ ᠣᠷᠣᠨ ᠤ᠋ ᠪᠠᠨ ᠪᠠᠢᠳᠠᠯ ᠢ᠋ ᠤᠯᠠᠮ ᠲᠥᠪᠬᠢᠨᠡᠭᠦᠯᠬᠦ ᠬᠡᠷᠡᠭ ᠢ᠋ ᠳᠡᠭᠡᠳᠦᠰ ᠦ᠋ᠳ ᠲᠠ ᠪᠦᠬᠦᠨ ᠬᠡᠯᠡᠯᠴᠡᠵᠦ《ᠶᠡᠬᠡ ᠵᠠᠰᠠᠭ》 ᠬᠠᠤᠯᠢ ᠪᠠᠨ ᠴᠢᠩᠳᠠᠯᠠᠨ ᠪᠡᠶᠡᠯᠡᠭᠦᠯᠬᠦ ᠶᠣᠰᠣᠲᠠᠢ ᠪᠠᠢᠨ᠎ᠠ ᠭᠡᠮᠡᠨ ᠣᠯᠠᠨ ᠳ᠋ᠤ᠌ ᠮᠡᠳᠡᠭᠳᠡᠯ᠎ᠡ᠃ 
       ᠬᠤᠷᠠᠯᠲᠠᠢ ᠨᠠᠯᠠᠭᠠᠷ ᠲᠠᠢᠪᠤᠩ ᠪᠠᠢᠳᠠᠯ ᠢ᠋ᠶ᠋ᠠᠷ ᠬᠡᠳᠦᠨ ᠬᠣᠨᠣᠭ ᠦᠷᠭᠦᠯᠵᠢᠯᠡᠨ᠂ ᠲᠥᠯᠥᠭᠡᠯᠡᠬᠦ ᠡᠷᠬᠡ ᠪᠦᠬᠦᠢ ᠣᠯᠳᠠᠰᠢ᠂ ᠰᠠᠷᠢᠬᠠᠨ᠂ ᠠᠰᠠᠭᠤᠲᠠᠢ ᠨᠠᠷ ᠤ᠋ᠨ ᠣᠯᠠᠨ ᠨᠣᠶᠠᠳ ᠰᠠᠨᠠᠯ ᠪᠣᠳᠣᠯ ᠢ᠋ᠶ᠋ᠠᠨ ᠰᠢᠭᠤᠳ ᠬᠡᠯᠡᠵᠦ᠂ ᠤᠯᠤᠰ ᠭᠦᠷᠦᠨ ᠦ᠌ ᠬᠡᠷᠡᠭ ᠢ᠋ ᠮᠥᠩᠬᠡ ᠬᠠᠭᠠᠨ ᠠᠭᠰᠠᠨ ᠤ᠋ ᠰᠡᠬᠡᠭᠡᠵᠦ ᠪᠤᠰᠬᠠᠭᠰᠠᠨ ᠵᠢᠷᠤᠮ ᠲᠢᠭ ᠢ᠋ᠶ᠋ᠡᠷ ᠲᠤᠯᠭᠠᠭᠤᠷᠢᠯᠠᠨ ᠬᠡᠯᠪᠡᠷᠢᠯᠲᠡ ᠦᠭᠡᠢ ᠶᠠᠪᠤᠭᠤᠯᠤᠨ᠂ ᠡᠵᠡᠨ ᠪᠣᠭᠳᠠ ᠴᠢᠩᠭᠢᠰ ᠬᠠᠭᠠᠨ ᠤ᠋ ᠲᠠᠯ᠎ᠠ ᠪᠠᠷ ᠰᠣᠶᠣᠷᠬᠠᠵᠤ ᠦᠯᠡᠳᠡᠭᠡᠭᠰᠡᠨ《ᠶᠡᠬᠡ ᠵᠠᠰᠠᠭ》 ᠬᠠᠤᠯᠢ ᠶ᠋ᠢᠨ ᠵᠢᠭᠠᠯᠲᠠ ᠶ᠋ᠢ ᠬᠠᠵᠠᠢᠯᠭᠠᠯ ᠦᠭᠡᠢ ᠰᠠᠬᠢᠵᠤ ᠳᠠᠭᠠᠵᠤ ᠶᠠᠪᠤᠬᠤ ᠶᠣᠰᠣᠲᠠᠢ ᠭᠡᠵᠦ ᠣᠯᠠᠨ ᠨᠣᠶᠠᠳ ᠬᠡᠯᠡᠪᠡ᠃  ᠪᠠᠰᠠ ᠬᠤᠪᠢᠯᠠᠢ ᠶ᠋ᠢ ᠱᠠᠩᠳᠤ ᠬᠣᠲᠠ ᠳ᠋ᠤ᠌ ᠥᠪᠡᠷ ᠢ᠋ ᠪᠡᠨ ᠶᠡᠬᠡ ᠤᠯᠤᠰ ᠤ᠋ᠨ ᠬᠠᠭᠠᠨ ᠪᠣᠯᠤᠭᠰᠠᠨ ᠭᠡᠵᠦ ᠵᠠᠷᠯᠠᠵᠤ ᠪᠠᠢᠭ᠎ᠠ ᠶ᠋ᠢ ᠡᠷᠡᠰ ᠪᠤᠷᠤᠭᠤᠰᠢᠶᠠᠨ᠂ ᠬᠠᠭᠠᠨ ᠡᠪᠦᠭᠡ ᠶ᠋ᠢᠨ ᠰᠣᠶᠣᠷᠬᠠᠵᠤ ᠲᠣᠭᠲᠠᠭᠠᠭᠰᠠᠨ ᠵᠢᠷᠤᠮ ᠢ᠋ ᠨᠣᠴᠢᠲᠠᠢ ᠵᠥᠷᠢᠴᠡᠭᠰᠡᠨ ᠲᠤᠯᠠ ᠲᠡᠭᠦᠨ ᠦ᠌ ᠡᠷᠬᠡ ᠶ᠋ᠢ ᠡᠪᠳᠡᠵᠦ᠂ ᠬᠠᠭᠠᠨ ᠪᠠᠢᠲᠤᠭᠠᠢ ᠬᠢᠲᠠᠳ ᠢ᠋ ᠵᠠᠬᠢᠷᠬᠤ ᠡᠷᠬᠡ ᠶ᠋ᠢ ᠬᠠᠰᠤᠬᠤ ᠶᠣᠰᠣᠲᠠᠢ᠃ ᠢᠩᠭᠢᠬᠦ ᠶ᠋ᠢ ᠪᠢᠳᠡ ᠱᠠᠭᠠᠷᠳᠠᠵᠤ ᠪᠠᠢᠨ᠎ᠠ ᠭᠡᠵᠦ ᠬᠡᠯᠡᠵᠦ ᠪᠠᠢᠯ᠎ᠠ᠃ ᠶᠡᠬᠡ ᠬᠤᠷᠠᠯᠳᠠᠢ ᠢᠩᠭᠢᠵᠦ ᠨᠠᠯᠢᠶᠠᠨ ᠬᠡᠳᠦᠨ ᠡᠳᠦᠷ ᠦᠷᠭᠦᠯᠵᠢᠯᠡᠨ ᠬᠤᠷᠠᠯᠳᠤᠵᠤ ᠣᠷᠣᠢ ᠥᠷᠯᠥᠭᠡ ᠳ᠋ᠦ᠍ ᠰᠠᠢᠬᠠᠨ ᠪᠡᠯᠡᠳᠬᠡᠭᠰᠡᠨ ᠵᠣᠭᠣᠭ ᠪᠠᠷᠢᠨ ᠠᠶᠠᠲᠠᠢ ᠲᠠᠢᠪᠤᠩ ᠪᠠᠢᠭᠠᠳ ᠲᠡᠭᠦᠰᠬᠡᠯ ᠦ᠋ᠨ  ᠬᠤᠷᠠᠯᠳᠤᠭᠠᠨ ᠤ᠋ ᠡᠳᠦᠷ ᠲᠦ᠍ ᠶᠡᠬᠡ ᠬᠠᠭᠠᠨ ᠤ᠋ ᠣᠷᠣ ᠶ᠋ᠢ ᠰᠣᠩᠭᠣᠨ ᠰᠠᠭᠤᠯᠭᠠᠬᠤ ᠠᠵᠢᠯ ᠳ᠋ᠤ᠌ ᠣᠷᠣᠯ᠎ᠠ᠃ 
       ᠴᠢᠩᠭᠢᠭᠡᠳ ᠴᠢᠩᠭᠢᠰ ᠬᠠᠭᠠᠨ ᠤ᠋ ᠪᠠᠭ᠎ᠠ ᠬᠦᠦ᠂ ᠨᠡᠷᠡᠲᠦ ᠶᠡᠬᠡ ᠵᠠᠩᠵᠤᠨ ᠲᠤᠯᠤᠢ ᠶ᠋ᠢᠨ ᠪᠠᠭ᠎ᠠ ᠬᠦᠦ ᠠᠷᠢᠬᠪᠦ᠋ᠬᠡ ᠶ᠋ᠢ ᠤᠯᠤᠰ ᠤ᠋ᠨ ᠶᠡᠬᠡ ᠬᠠᠭᠠᠨ ᠳ᠋ᠤ᠌ ᠡᠷᠭᠦᠮᠵᠢᠯᠡᠨ ᠰᠠᠭᠤᠯᠭᠠᠬᠤ ᠰᠠᠨᠠᠯ ᠲᠠᠪᠰᠢᠨ ᠭᠠᠷᠴᠤ ᠢᠷᠡᠪᠡ᠃ ᠠᠰᠠᠷ ᠲᠤ᠌ ᠣᠭᠲᠣ ᠴᠢᠮᠡᠭᠡ ᠠᠨᠢᠷ ᠦᠭᠡᠢ ᠪᠣᠯᠤᠯ᠎ᠠ᠃ ᠡᠨᠡ ᠭᠱᠠᠨ ᠳ᠋ᠤ᠌ ᠠᠷᠢᠬᠪᠦ᠋ᠬᠡ ᠶ᠋ᠢᠨ ᠰᠡᠳᠬᠢᠯ ᠳ᠋ᠦ᠍ ᠨᠢᠭᠡᠨ ᠵᠦᠢᠯ ᠦ᠋ᠨ ᠠᠶᠤᠮᠰᠢᠭᠲᠠᠢ ᠶᠠᠪᠤᠳᠠᠯ ᠪᠣᠳᠣᠭᠳᠠᠭᠰᠠᠨ ᠨᠢ᠄ 《ᠬᠤᠷᠠᠯᠳᠠᠢ ᠳ᠋ᠤ᠌ ᠢᠷᠡᠭᠰᠡᠨ ᠥᠭᠡᠳᠡᠢ ᠬᠠᠭᠠᠨ ᠠᠭᠰᠠᠨ ᠤ᠋ ᠡᠦᠲᠦᠮ ᠦ᠋ᠨ ᠨᠣᠶᠠᠳ ᠵᠡᠪᠰᠡᠭ ᠨᠢᠭᠤᠨ ᠳᠠᠯᠳᠠᠯᠠᠵᠤ ᠠᠪᠴᠤ ᠢᠷᠡᠭᠡᠳ᠂ ᠬᠠᠭᠠᠨ ᠤ᠋ ᠰᠠᠭᠤᠳᠠᠯ ᠢ᠋ ᠥᠪᠡᠷᠰᠡᠳ ᠦ᠋ᠨ ᠲᠠᠯ᠎ᠠ ᠳ᠋ᠤ᠌ ᠠᠪᠠᠴᠢᠬᠤ ᠭᠡᠵᠦ ᠦᠢᠮᠡᠭᠡᠨ ᠳᠡᠭᠳᠡᠭᠡᠬᠦ ᠪᠣᠢ᠃ ᠲᠡᠭᠡᠪᠡᠯ ᠶᠠᠭᠠᠬᠢᠨ᠎ᠠ ᠪᠣᠢ?》 ᠭᠡᠰᠡᠨ ᠪᠣᠳᠣᠯ ᠲᠥᠷᠥᠨ᠂ ᠰᠡᠳᠬᠢᠯ ᠢ᠋ ᠨᠢ ᠵᠣᠪᠠᠭᠠᠵᠠᠢ᠃ ᠤᠴᠢᠷ ᠨᠢ ᠥᠭᠡᠳᠡᠢ ᠶ᠋ᠢᠨ ᠤᠭᠰᠠᠭᠠᠨ ᠤ᠋ ᠨᠣᠶᠠᠳ ᠬᠠᠭᠠᠨ ᠤ᠋ ᠣᠷᠣ ᠶ᠋ᠢ ᠪᠤᠯᠢᠶᠠᠯᠳᠤᠨ ᠲᠡᠮᠡᠴᠡᠯᠳᠦᠵᠦ ᠮᠥᠩᠬᠡ ᠬᠠᠭᠠᠨ ᠤ᠋ ᠵᠠᠷᠯᠢᠭ ᠢ᠋ᠶ᠋ᠠᠷ ᠨᠤᠲᠤᠭ ᠤ᠋ᠨ ᠪᠠᠷᠠᠭᠤᠨ ᠲᠠᠯ᠎ᠠ ᠤᠷᠤᠭᠤ ᠰᠢᠬᠠᠭᠳᠠᠨ ᠵᠠᠢᠯᠠᠭᠤᠯᠤᠭᠳᠠᠭᠰᠠᠨ᠃ ᠲᠡᠭᠦᠨ ᠳ᠋ᠦ᠍ ᠪᠡᠨ ᠥᠰᠢᠨ ᠡᠯᠳᠡᠪ ᠶᠠᠪᠤᠳᠠᠯ ᠭᠠᠷᠭᠠᠭᠰᠠᠭᠠᠷ ᠪᠠᠢᠳᠠᠭ ᠪᠢᠯᠡ᠃  ᠲᠡᠢᠮᠦᠷᠬᠦᠦ ᠦᠭᠡ ᠵᠠᠷᠢᠮ ᠨᠣᠶᠠᠳ ᠤ᠋ᠨ ᠠᠮᠠᠨ ᠠ᠋ᠴᠠ ᠴᠤᠬᠤᠯᠵᠠᠵᠤ ᠪᠠᠢᠪᠠ᠃ ᠡᠢᠮᠦ ᠦᠶ᠎ᠡ ᠳ᠋ᠦ᠍ ᠬᠤᠷᠠᠯᠲᠠᠢ ᠬᠢᠬᠦ ᠳ᠋ᠦ᠍ ᠨᠠᠯᠢᠶᠠᠨ ᠡᠭᠡᠵᠡᠭᠲᠡᠢ ᠭᠡᠬᠦ ᠤᠤ᠂ ᠥᠩᠭᠡᠨ ᠳᠡᠭᠡᠷ᠎ᠡ ᠪᠡᠨ ᠠᠷᠢᠬᠪᠦ᠋ᠬᠡ ᠶ᠋ᠢ ᠳᠡᠮᠵᠢᠭᠰᠡᠨ ᠴᠢᠷᠠᠢ ᠦᠵᠡᠭᠦᠯᠵᠦ ᠪᠠᠢᠭᠠᠳ ᠡᠭᠡᠵᠡᠭᠲᠡᠢ ᠦᠶ᠎ᠡ ᠳ᠋ᠦ᠍ ᠦᠢᠮᠡᠭᠡᠨ ᠳᠡᠭᠳᠡᠭᠡᠨ ᠬᠤᠷᠠᠯᠳᠠᠢ ᠶ᠋ᠢ ᠦᠷ᠎ᠡ ᠳ᠋ᠦᠩ ᠦᠭᠡᠢ ᠪᠣᠯᠭᠠᠵᠤ ᠮᠠᠭᠠᠳ ᠦᠭᠡᠢ ᠭᠡᠰᠡᠨ ᠪᠣᠳᠣᠯ ᠠᠷᠢᠬᠪᠦ᠋ᠬᠡ ᠳ᠋ᠦ᠍ ᠰᠠᠨᠠᠭᠳᠠᠨ ᠪᠠᠢᠵᠠᠢ᠃ 
       ᠬᠤᠷᠠᠯᠳᠠᠢ ᠬᠡᠪ ᠦ᠋ᠨ ᠪᠠᠢᠲᠠᠯᠲᠠᠢ ᠶᠠᠪᠤᠵᠤ᠂ ᠲᠤᠯᠤᠢ ᠶ᠋ᠢᠨ ᠡᠦᠲᠦᠮ ᠦ᠋ᠨ ᠬᠣᠶᠠᠷ ᠨᠣᠶᠠᠨ ᠠᠷᠢᠬᠪᠦ᠋ᠬᠡ ᠶ᠋ᠢᠨ ᠳᠡᠷᠭᠡᠳᠡ ᠢᠷᠡᠭᠡᠳ ᠲᠡᠭᠦᠨ ᠢ᠋ ᠠᠪᠴᠤ ᠶᠠᠪᠤᠭᠠᠳ ᠲᠠᠪᠤᠨ ᠲᠥᠭᠡ ᠥᠨᠳᠥᠷ᠂ ᠲᠠᠪᠤᠨ ᠳᠠᠪᠬᠤᠷ ᠢᠰᠡᠭᠡᠢ ᠣᠯᠪᠣᠭ ᠲᠠᠢ ᠰᠠᠭᠤᠳᠠᠯ ᠳ᠋ᠤ᠌ ᠰᠠᠭᠤᠯᠭᠠᠬᠤ ᠳ᠋ᠤ᠌ ᠬᠤᠷᠠᠯᠳᠤᠭᠰᠠᠳ ᠪᠣᠰᠴᠤ ᠨᠢᠭᠡᠨ ᠳᠠᠭᠤ ᠪᠠᠷ《ᠶᠡᠬᠡ ᠬᠠᠭᠠᠨ! ᠶᠡᠬᠡ ᠬᠠᠭᠠᠨ ᠶᠡᠬᠡ ᠬᠠᠭᠠᠨ!》 ᠭᠡᠵᠦ ᠭᠤᠷᠪᠠᠨᠲᠠ ᠳᠠᠭᠤᠳᠠᠵᠤ ᠶᠣᠰᠣ ᠬᠢᠪᠡ᠃ 
       ᠶᠣᠰᠣᠯᠠᠯ ᠤ᠋ᠨ ᠬᠣᠪᠴᠠᠰᠤᠲᠠᠢ᠂ ᠢᠯᠳᠦ ᠮᠥᠷᠥᠯᠡᠨ ᠪᠠᠷᠢᠭᠰᠠᠨ ᠳᠥᠷᠪᠡᠨ ᠴᠡᠷᠢᠭ ᠢ᠋ᠶ᠋ᠡᠷ ᠬᠠᠮᠠᠭᠠᠯᠠᠭᠤᠯᠤᠭᠰᠠᠨ ᠬᠣᠶᠠᠷ ᠶᠡᠬᠡ ᠲᠦᠰᠢᠮᠡᠳ ᠮᠣᠩᠭᠣᠯ ᠤᠯᠤᠰ ᠤ᠋ᠨ ᠶᠡᠬᠡ ᠬᠠᠭᠠᠨ ᠤ᠋ ᠡᠷᠳᠡᠨᠢ ᠶ᠋ᠢᠨ ᠲᠠᠮᠠᠭ᠎ᠠ ᠶ᠋ᠢ ᠬᠦᠨᠳᠦᠳᠬᠡᠯᠲᠡᠢ ᠪᠡᠷ ᠡᠷᠭᠦᠨ ᠵᠠᠯᠠᠵᠤ ᠢᠷᠡᠬᠦ ᠳ᠋ᠦ᠍᠂ ᠠᠷᠢᠬᠪᠦ᠋ᠬᠡ ᠰᠠᠭᠤᠳᠠᠯ ᠠ᠋ᠴᠠ ᠪᠠᠨ ᠪᠣᠰᠴᠤ ᠤᠭ ᠲᠠᠮᠠᠭ᠎ᠠ ᠶ᠋ᠢ ᠬᠣᠶᠠᠷ ᠭᠠᠷᠳᠠᠨ ᠲᠣᠰᠴᠤ ᠠᠪᠤᠭᠠᠳ᠂ ᠠᠳᠢᠰ ᠬᠦᠷᠲᠡᠨ ᠶᠣᠰᠣ ᠬᠢᠯ᠎ᠡ᠃ ᠡᠢᠨ ᠬᠦ᠌ ᠠᠷᠢᠬᠪᠦ᠋ᠬᠡ ᠤᠯᠤᠰ ᠤ᠋ᠨ ᠶᠡᠬᠡ ᠬᠠᠭᠠᠨ ᠤ᠋ ᠣᠷᠣ ᠶ᠋ᠢ ᠪᠦᠷᠢᠨ ᠡᠷᠬᠡ ᠶ᠋ᠢᠨ ᠶᠣᠰᠣᠭᠠᠷ ᠵᠠᠯᠭᠠᠮᠵᠢᠯᠠᠨ ᠠᠪᠬᠤ ᠬᠡᠷᠡᠭ ᠢ᠋ ᠭᠦᠢᠴᠡᠳᠬᠡᠵᠦ ᠳᠠᠭᠤᠰᠬᠠᠪᠤᠷᠢ ᠪᠣᠯᠭᠠᠪᠠ᠃ ᠠᠰᠠᠷ ᠤ᠋ᠨ ᠡᠭᠦᠳᠡᠨ ᠳ᠋ᠦ᠍ ᠰᠠᠭᠤᠭᠰᠠᠨ ᠣᠯᠠᠨ ᠶᠠᠩᠵᠤ ᠶ᠋ᠢᠨ ᠨᠠᠢᠷᠠᠯ ᠬᠥᠭᠵᠢᠮ ᠳ᠋ᠦ᠍ ᠰᠦᠷᠯᠢᠭ ᠰᠠᠢᠬᠠᠨ ᠠᠶᠠᠯᠭᠤ ᠬᠥᠭᠵᠢᠮ ᠨᠦᠷᠭᠢᠯᠡᠨ ᠣᠯᠠᠨ ᠤ᠋ ᠰᠡᠳᠬᠢᠯ ᠢ᠋ ᠬᠥᠭᠵᠢᠭᠡᠵᠦ ᠪᠠᠢᠯ᠎ᠠ᠃ ᠬᠥᠬᠡ ᠲᠣᠷᠭᠠᠨ ᠨᠥᠮᠥᠷᠭᠡ ᠨᠥᠮᠥᠷᠦᠨ ᠰᠠᠭᠤᠭ᠎ᠠ ᠠᠷᠢᠬᠪᠦ᠋ᠬᠡ ᠰᠦᠷᠯᠢᠭ ᠠᠭᠠᠳ ᠵᠢᠭᠠᠬᠠᠨ ᠶᠡᠬᠡᠮᠰᠦᠭᠳᠡᠭᠦᠦ ᠴᠢᠷᠠᠢᠲᠠᠢ᠂ ᠴᠠᠭᠠᠨ᠎ᠠ ᠪᠠᠨ ᠯᠠ ᠨᠢᠭᠡ ᠵᠢᠪᠬᠤᠯᠠᠩᠲᠠᠢ ᠪᠠᠢᠳᠠᠯ ᠢ᠋ᠶ᠋ᠠᠷ ᠪᠤᠰᠤᠳ ᠠ᠋ᠴᠠ ᠢᠯᠭᠠᠷᠠᠨ ᠣᠯᠠᠨ ᠤ᠋ ᠠᠩᠬᠠᠷᠤᠯ ᠢ᠋ ᠥᠪᠡᠷ ᠲᠦ᠍ ᠪᠡᠨ ᠲᠠᠲᠠᠵᠤ ᠪᠠᠢᠪᠠ᠃ ᠬᠡᠨ ᠴᠦ᠍ ᠠᠷᠢᠬᠪᠦ᠋ᠬᠡ ᠶ᠋ᠢ ᠬᠠᠷᠠᠭᠰᠠᠨ 《ᠶᠡᠬᠡ ᠤᠯᠤᠰ ᠤ᠋ᠨ ᠬᠠᠭᠠᠨ ᠡᠢᠮᠦ ᠴᠣᠭ ᠵᠢᠪᠬᠤᠯᠠᠩᠲᠠᠢ ᠡᠷ᠎ᠡ ᠪᠠᠢᠬᠤ ᠳ᠋ᠤ᠌ ᠶᠠᠭᠤᠨ ᠳ᠋ᠤ᠌ ᠭᠣᠯᠣᠭᠳᠠᠬᠤ ᠪᠣᠢ᠃ ᠬᠥᠮᠦᠨ ᠢ᠋ᠶ᠋ᠡᠨ ᠣᠯᠵᠤ ᠬᠠᠭᠠᠨ ᠢ᠋ᠶ᠋ᠠᠨ ᠡᠷᠭᠦᠮᠵᠢᠯᠡᠪᠡ ᠪᠣᠯᠤᠯᠲᠠᠢ》 ᠭᠡᠮᠡᠨ ᠪᠣᠳᠣᠭᠰᠠᠨ ᠪᠠᠢᠨ᠎ᠠ᠃ ᠡᠢᠨ ᠬᠦ᠌ ᠮᠣᠩᠭᠣᠯ ᠤ᠋ᠨ ᠲᠠᠪᠤᠳᠠᠬᠢ ᠬᠠᠭᠠᠨ᠂ ᠶᠡᠬᠡ ᠬᠤᠷᠠᠯᠳᠠᠢ ᠪᠠᠷ ᠰᠣᠩᠭᠣᠭᠳᠠᠨ ᠰᠢᠷᠡᠭᠡᠨ ᠳ᠋ᠦ᠍  ᠰᠠᠭᠤᠯ᠎ᠠ᠃  ᠡᠴᠦᠰ ᠦ᠋ᠨ ᠳ᠋ᠦᠩ ᠳ᠋ᠦ᠍ ᠮᠣᠩᠭᠣᠯ ᠤᠯᠤᠰ ᠤ᠋ᠨ ᠶᠡᠬᠡ ᠬᠤᠷᠠᠯᠲᠠᠢ ᠬᠣᠶᠠᠷ ᠭᠠᠵᠠᠷ ᠲᠤ᠌ ᠪᠣᠯᠵᠤ ① ᠂ ᠬᠣᠶᠠᠷ ᠬᠠᠭᠠᠨ ᠵᠡᠷᠭᠡ ᠰᠢᠬᠠᠮ ᠪᠣᠢ ᠪᠣᠯᠤᠭᠰᠠᠨ ᠨᠢ ᠲᠡᠦᠬᠡ ᠶ᠋ᠢᠨ ᠰᠥᠷᠬᠦ ᠦᠵᠡᠭᠳᠡᠯ ᠪᠤᠶᠤ ᠭᠠᠢ ᠵᠣᠪᠠᠯᠠᠩ ᠣᠯᠠᠨ ᠳ᠋ᠤ᠌ ᠲᠠᠷᠬᠠᠭᠠᠵᠠᠢ᠃ 

— — — — 
 ① ᠬᠤᠪᠢᠯᠠᠢ ᠺᠠᠢᠫᠢᠩ (ᠱᠠᠩᠳᠤ) ᠬᠣᠲᠠ ᠳ᠋ᠤ᠌ ᠪᠢᠯᠢᠭ ᠦ᠋ᠨ 1260 ᠣᠨ ᠤ᠋ ᠭᠤᠷᠪᠠᠳᠤᠭᠠᠷ ᠰᠠᠷ᠎ᠠ ᠶ᠋ᠢᠨ ᠬᠣᠷᠢᠨ ᠳᠥᠷᠪᠡᠨ ᠪᠤᠶᠤ ᠠᠷᠭ᠎ᠠ ᠶ᠋ᠢᠨ 1260 ᠤ᠋ ᠶ᠋ᠢᠨ ᠲᠠᠪᠤᠳᠤᠭᠠᠷ ᠰᠠᠷ᠎ᠠ ᠶ᠋ᠢᠨ ᠵᠢᠷᠭᠤᠭᠠᠨ ᠳ᠋ᠤ᠌ ᠬᠠᠭᠠᠨ ᠪᠣᠯᠬᠤ ᠳ᠋ᠤ᠌ (ᠬᠤᠪᠢᠯᠠᠢ 44 ᠨᠠᠰᠤᠲᠠᠢ) ᠂ ᠠᠷᠢᠬᠪᠦ᠋ᠬᠡ ᠪᠢᠯᠢᠭ ᠦ᠋ᠨ 1260 ᠣᠨ ᠤ᠋ ᠳᠥᠷᠪᠡᠳᠦᠭᠡᠷ ᠰᠠᠷ᠎ᠠ ᠶ᠋ᠢᠨ ᠰᠡᠭᠦᠯᠴᠢ ᠪᠡᠷ᠂ ᠠᠷᠭ᠎ᠠ ᠶ᠋ᠢᠨ 1260 ᠣᠨ ᠤ᠋ ᠲᠠᠪᠤᠳᠤᠭᠠᠷ ᠰᠠᠷ᠎ᠠ ᠶ᠋ᠢᠨ ᠠᠷᠪᠠᠨ ᠬᠣᠶᠠᠷ ᠠ᠋ᠴᠠ ᠵᠢᠷᠭᠤᠳᠤᠭᠠᠷ ᠰᠠᠷ᠎ᠠ ᠶ᠋ᠢᠨ ᠠᠷᠪᠠᠨ ᠤ᠋  ᠬᠣᠭᠣᠷᠣᠨᠳᠣ ᠣᠷᠬᠣᠨ ᠭᠣᠣᠯ ᠤ᠋ᠨ ᠡᠬᠢ ᠠᠯᠲᠠᠨ ᠭᠣᠣᠯ ᠤ᠋ᠨ ᠬᠥᠪᠡᠭᠡᠨ ᠳ᠋ᠦ᠍ ᠵᠢᠩᠬᠢᠨᠢ ᠨᠣᠶᠠᠳ ᠤ᠋ᠨ ᠶᠡᠬᠡ ᠬᠤᠷᠠᠯᠳᠠᠢ ᠬᠢᠯᠭᠡᠵᠦ ᠬᠠᠭᠠᠨ ᠰᠠᠭᠤᠪᠠ᠃ ᠢᠩᠭᠢᠵᠦ ᠬᠣᠶᠠᠷ ᠬᠠᠭᠠᠨ ᠣᠷᠣ ᠰᠠᠭᠤᠪᠠ᠃ ᠬᠣᠶᠠᠷ ᠨᠡᠢᠰᠯᠡᠯ ᠭᠠᠷᠤᠭᠰᠠᠨ ᠪᠠᠢᠨ᠎ᠠ᠃ 



       ᠠᠯᠲᠠᠨ ᠤᠷᠤᠭ ᠤ᠋ᠨ ᠤᠭᠰᠠᠭᠠᠨ ᠤ᠋ ᠵᠠᠷᠢᠮ ᠨᠣᠶᠠᠳ ᠪᠣᠰᠴᠤ᠂ ᠬᠠᠭᠠᠨ ᠳ᠋ᠤ᠌ ᠣᠢᠷᠠᠲᠤᠨ ᠣᠴᠢᠭᠠᠳ᠂ ᠭᠦᠨ ᠬᠦᠨᠳᠦᠳᠬᠡᠯ ᠢᠯᠡᠷᠬᠡᠢᠯᠡᠨ᠄ 
       — ᠶᠡᠬᠡ ᠬᠠᠭᠠᠨᠲᠠᠨ ᠮᠢᠨᠢ ᠠ᠋! ᠪᠣᠯᠭᠣᠭᠠᠨ ᠰᠣᠶᠣᠷᠬᠠᠬᠤ ᠠᠵᠢᠶᠠᠮᠤ᠃ ᠤᠯᠤᠰ ᠭᠦᠷᠦᠨ ᠢ᠋ᠶ᠋ᠡᠨ ᠨᠢᠭᠡᠳᠬᠡᠨ ᠵᠠᠬᠢᠷᠴᠤ᠂ ᠳᠡᠭᠡᠳᠦ ᠪᠣᠭᠳᠠ ᠡᠵᠡᠨ ᠬᠠᠭᠠᠨ ᠤ᠋ ᠳᠡᠯᠭᠡᠷᠡᠭᠦᠯᠦᠭᠰᠡᠨ ᠶᠣᠰᠣ ᠳᠥᠷᠦᠲᠦ ᠭᠦᠷᠦᠨ ᠢ᠋ᠶ᠋ᠡᠨ ᠡᠩᠬᠡᠵᠢᠭᠦᠯᠦᠨ ᠬᠠᠭᠠᠨ ᠠᠬ᠎ᠠ ᠶ᠋ᠢᠨ ᠢ᠋ᠶ᠋ᠡᠨ ᠶᠡᠬᠡ ᠦᠢᠯᠡ ᠶ᠋ᠢ ᠦᠷᠭᠦᠯᠵᠢᠯᠡᠭᠦᠯᠵᠦ ᠪᠠᠳᠠᠷᠠᠭᠠᠬᠤ ᠶ᠋ᠢ ᠪᠣᠯᠭᠣᠭᠠᠨ ᠥᠷᠥᠰᠢᠶᠡᠮᠦ! ᠡᠭᠦᠨ ᠦ᠌ ᠲᠤᠯᠠ ᠪᠣᠭᠣᠯ ᠪᠢᠳᠡ ᠨᠠᠷ《ᠶᠡᠬᠡ ᠵᠠᠰᠠᠭ》 ᠬᠠᠤᠯᠢ ᠪᠠᠨ ᠳᠡᠭᠡᠳᠦᠯᠡᠵᠦ ᠡᠵᠡᠨ ᠲᠠᠨ ᠳ᠋ᠤ᠌ ᠪᠠᠨ ᠮᠣᠷᠢ ᠨᠣᠬᠠᠢ ᠮᠡᠲᠦ ᠵᠢᠳᠬᠦᠨ ᠶᠠᠪᠤᠬᠤ ᠪᠣᠯᠤᠨ᠎ᠠ᠁ ᠭᠡᠵᠦ ᠠᠢᠯᠠᠳᠬᠠᠵᠤ ᠪᠠᠢᠯ᠎ᠠ᠃ ᠡᠢᠮᠦ ᠤᠳᠬ᠎ᠠ ᠲᠠᠢ ᠦᠭᠡ ᠬᠡᠯᠡᠭᠰᠡᠨ ᠨᠣᠶᠠᠨ ᠨᠢᠭᠡ ᠪᠢᠰᠢ ᠪᠣᠯᠪᠠ᠃ ᠴᠢᠷᠠᠢ ᠪᠠᠨ ᠴᠢᠨᠦᠷᠡᠭᠦᠯᠦᠨ᠂ ᠰᠦᠷᠳᠡᠭᠰᠡᠨ ᠪᠠᠢᠳᠠᠯ ᠲᠠᠢ ᠳᠠᠭᠤ ᠦᠭᠡᠢ ᠰᠠᠭᠤᠵᠤ ᠪᠠᠢᠭᠰᠠᠨ ᠠᠷᠢᠬᠪᠦ᠋ᠬᠡ ᠪᠣᠰᠴᠤ ᠪᠥᠬᠥᠢᠨ ᠶᠣᠰᠣ ᠬᠢᠭᠡᠳ ᠬᠣᠭᠣᠯᠠᠢ ᠪᠠᠨ ᠵᠠᠩᠭᠢᠷᠠᠭᠤᠯᠤᠨ ᠪᠠᠢᠵᠤ᠄ 
       — ᠮᠥᠩᠬᠡ ᠲᠩᠷᠢ ᠲᠠᠭᠠᠯᠠᠨ ᠥᠷᠥᠰᠢᠶᠡᠲᠦᠭᠡᠢ! ᠡᠵᠡᠨ ᠳᠡᠭᠡᠳᠦᠰ ᠶᠡᠬᠡ ᠪᠣᠭᠳᠠ ᠶ᠋ᠢᠨ ᠰᠦᠯᠳᠡ ᠥᠷᠥᠰᠢᠶᠡᠲᠦᠭᠡᠢ! ᠡᠷᠬᠡᠲᠦ ᠶᠡᠬᠡ ᠨᠣᠶᠠᠳ ᠲᠠ ᠪᠦᠬᠦᠨ ᠡᠨᠡᠷᠢᠨ ᠲᠡᠳᠬᠦᠲᠦᠭᠡᠢ! ᠣᠯᠠᠨ ᠲᠠ ᠪᠦᠬᠦᠨ ᠦ᠌ ᠬᠠᠢᠷ᠎ᠠ ᠬᠦᠨᠳᠦᠳᠬᠡᠯ ᠢ᠋ ᠲᠩᠷᠢ ᠶ᠋ᠢᠨ ᠪᠣᠭᠣᠯ ᠪᠢ ᠬᠥᠰᠡᠷᠳᠡᠭᠦᠯᠦᠨ ᠡᠯᠡᠰᠦ ᠰᠢᠷᠣᠢ ᠲᠠᠢ ᠬᠤᠳᠬᠤᠬᠤ ᠶ᠋ᠢ ᠬᠦᠰᠡᠬᠦ ᠦᠭᠡᠢ᠃ ᠪᠦᠷᠢᠨ ᠤᠯᠤᠰ ᠤ᠋ᠨ ᠶᠣᠰᠣᠲᠤ ᠪᠠᠢᠳᠠᠯ ᠢ᠋ ᠪᠦᠬᠦᠯᠢ ᠪᠦᠲᠦᠨ ᠢ᠋ᠶ᠋ᠡᠷ ᠨᠢ ᠲᠩᠷᠢ ᠶ᠋ᠢᠨ ᠥᠷᠥᠰᠢᠶᠡᠯ ᠳ᠋ᠦ᠍ ᠨᠡᠢᠴᠡᠭᠦᠯᠦᠨ ᠳᠡᠭᠵᠢᠭᠡ ᠭᠡᠵᠦ ᠲᠠ ᠪᠦᠭᠦᠳᠡ ᠶ᠋ᠢᠨ ᠠᠢᠯᠠᠳᠵᠤ ᠪᠠᠢᠭ᠎ᠠ ᠰᠤᠷᠭᠠᠮᠵᠢ ᠶ᠋ᠢ ᠪᠢ ᠭᠦᠢᠴᠡᠯᠳᠦᠭᠦᠯᠬᠦ ᠶ᠋ᠢᠨ ᠲᠥᠯᠥᠭᠡ ᠶᠠᠪᠤᠨ᠎ᠠ᠁ ᠮᠢᠨᠦ ᠠᠬ᠎ᠠ ᠬᠤᠪᠢᠯᠠᠢ ᠡᠨᠡ ᠶᠣᠰᠣᠯᠠᠯ ᠳ᠋ᠤ᠌ ᠣᠷᠣᠯᠴᠠᠬᠤ ᠦᠭᠡᠢ ᠳ᠋ᠦ᠍ ᠰᠡᠳᠬᠢᠯ ᠲᠦᠭᠰᠢᠨ᠎ᠡ ᠪᠢ᠃ ᠨᠢᠭᠡᠨ ᠡᠴᠢᠭᠡ ᠡᠬᠡ ᠶ᠋ᠢᠨ ᠦᠷ᠎ᠡ ᠬᠡᠦᠬᠡᠳ ᠪᠢᠳᠡᠨ ᠦ᠌ ᠬᠣᠭᠣᠷᠣᠨᠳᠣ ᠥᠴᠦᠬᠡᠨ ᠲᠡᠳᠦᠢ ᠪᠣᠯᠪᠠᠴᠤ ᠥᠰᠢᠷᠬᠡᠯ ᠪᠠᠢᠬᠤ ᠦᠭᠡᠢ ᠶᠦᠮ᠃ ᠡᠨᠡ ᠤᠴᠢᠷ ᠢ᠋ ᠮᠥᠩᠬᠡ ᠲᠩᠷᠢ ᠰᠢᠷᠳᠡᠨ ᠪᠣᠯᠭᠣᠭᠠᠵᠤ ᠪᠣᠢ ᠪᠢᠵᠡ ᠠ᠋᠃ ᠪᠢ ᠬᠤᠯᠠᠭᠠᠢ ᠪᠠᠷ᠂ ᠬᠤᠤᠪᠢᠯᠳᠤᠭᠠᠨ ᠢ᠋ᠶ᠋ᠠᠷ ᠣᠷᠣ ᠰᠠᠭᠤᠭ᠎ᠠ ᠦᠭᠡᠢ᠂ ᠪᠦᠬᠦᠨ ᠢ᠋ ᠶᠣᠰᠣ ᠲᠥᠷᠥ ᠳ᠋ᠦ᠍ ᠨᠡᠢᠴᠡᠭᠦᠯᠬᠦ ᠭᠡᠵᠦ ᠣᠯᠠᠨ ᠨᠣᠶᠠᠳ ᠲᠠ ᠪᠦᠬᠦᠨ ᠦ᠌ ᠬᠠᠮᠲᠤ ᠪᠠᠷ ᠴᠢᠳᠠᠬᠤ ᠶ᠋ᠢᠨ ᠬᠢᠷᠢ ᠪᠡᠷ ᠣᠷᠣᠯᠴᠠᠭᠰᠠᠨ ᠪᠢᠯᠡ᠁ ᠲᠩᠷᠢ ᠶ᠋ᠢᠨ ᠥᠴᠦᠬᠡᠨ ᠪᠣᠭᠣᠯ ᠨᠠᠮᠠᠶ᠋ᠢ ᠥᠷᠥᠰᠢᠶᠡᠵᠦ ᠪᠣᠯᠭᠣᠭ᠎ᠠ! ᠭᠡᠳ ᠡᠯᠢᠭᠡ ᠪᠡᠨ ᠳᠠᠷᠤᠨ ᠣᠯᠠᠨ ᠨᠣᠶᠠᠳ ᠢ᠋ ᠬᠦᠨᠳᠦᠳᠬᠡᠵᠦ ᠳᠠᠬᠢᠨ ᠪᠥᠬᠥᠢᠨ ᠶᠣᠰᠣ ᠬᠢᠯ᠎ᠡ᠃ ᠬᠤᠷᠠᠯᠳᠠᠢ ᠲᠡᠭᠦᠰᠴᠦ᠂ ᠨᠠᠢᠷᠠᠯ ᠬᠥᠭᠵᠢᠮ ᠡᠭᠡᠰᠢᠭᠯᠡᠨ᠂ ᠰᠦᠷ ᠢ᠋ ᠪᠠᠳᠠᠷᠠᠭᠠᠭᠠᠳ᠂ ᠬᠤᠷᠠᠭᠰᠠᠨ ᠣᠯᠠᠨ ᠢ᠋ ᠶᠡᠬᠡ ᠨᠠᠢᠷ ᠲᠤ ᠤᠷᠢᠪᠠ᠃ ᠲᠤᠰᠬᠠᠢᠯᠠᠨ ᠪᠡᠯᠡᠳᠬᠡᠭᠰᠡᠨ ᠥᠭᠡᠷ᠎ᠡ ᠠᠰᠠᠷ ᠲᠤ ᠪᠦᠬᠦ ᠵᠣᠴᠢᠳ ᠣᠴᠢᠵᠤ ᠵᠣᠭᠣᠭ ᠦᠨ ᠰᠠᠭᠤᠳᠠᠯ ᠳ᠋ᠤ᠌ ᠰᠠᠭᠤᠮᠠᠭᠴᠠ ᠠᠷᠢᠬᠪᠦ᠋ᠬᠡ ᠬᠠᠭᠠᠨ ᠪᠣᠰᠴᠤ ᠵᠣᠭᠰᠣᠭᠠᠳ᠄  
       — ᠭᠠᠵᠠᠷ ᠡᠪᠳᠡᠵᠦ᠂ ᠤᠰᠤ ᠪᠤᠯᠠᠩᠭᠢᠷᠲᠤᠭᠤᠯᠬᠤ ᠦᠭᠡᠢ ᠪᠠᠢᠬᠤ ᠶ᠋ᠢᠨ ᠲᠤᠯᠠᠳᠠ ᠠᠩ ᠬᠣᠮᠣᠷᠭᠠᠨ ᠳ᠋ᠤ᠌ ᠮᠣᠷᠳᠠᠬᠤ ᠶ᠋ᠢ ᠮᠥᠩᠬᠡ ᠠᠬ᠎ᠠ ᠣᠷᠣ ᠰᠠᠭᠤᠭᠠᠳ ᠬᠣᠷᠢᠭᠯᠠᠭᠰᠠᠨ ᠵᠠᠷᠯᠢᠭ ᠪᠠᠭᠤᠯᠭᠠᠵᠤ ᠪᠠᠢᠭᠰᠠᠨ ᠢ᠋ ᠪᠢ ᠵᠠᠷᠯᠢᠭ ᠪᠣᠯᠭᠠᠶ᠎ᠠ᠃ ᠮᠢᠨᠦ ᠵᠥᠪᠰᠢᠶᠡᠷᠡᠯ ᠦᠭᠡᠢ ᠪᠡᠷ ᠬᠡᠰᠡᠭ ᠪᠤᠰᠠᠭ ᠢ᠋ᠶ᠋ᠠᠷ ᠡᠯᠳᠡᠪ ᠲᠦ᠍ ᠶᠠᠪᠤᠬᠤ ᠶ᠋ᠢ ᠪᠢ ᠬᠣᠷᠢᠭᠯᠠᠵᠤ ᠪᠠᠢᠨ᠎ᠠ᠃ ᠪᠢᠳᠡ ᠪᠦᠬᠦᠨ ᠰᠡᠳᠬᠢᠯ ᠢ᠋ᠶ᠋ᠡᠨ ᠨᠢᠭᠡᠳᠬᠡᠨ᠂ ᠬᠦᠴᠦ ᠪᠡᠨ ᠵᠠᠩᠭᠢᠳᠴᠤ ᠪᠠᠢᠵᠤ ᠪᠣᠭᠳᠠ ᠡᠵᠡᠨ ᠦ᠌ ᠵᠠᠬᠢᠶᠠᠰᠤ ᠶ᠋ᠢ ᠭᠦᠢᠴᠡᠭᠡᠨ ᠤᠯᠤᠰ ᠢ᠋ᠶ᠋ᠠᠨ ᠤᠯᠠᠮ ᠲᠡᠩᠬᠡᠷᠡᠭᠦᠯᠵᠦ ᠠᠪᠤᠨ᠎ᠠ ᠭᠡᠳᠡᠭ ᠢ᠋ ᠶᠠᠭᠤᠨ ᠤ᠋ ᠲᠦᠷᠦᠭᠦᠨ ᠳ᠋ᠦ᠍ ᠪᠣᠯᠭᠣᠭᠠᠨ ᠰᠣᠶᠣᠷᠬᠠᠲᠤᠭᠠᠢ! ᠤᠯᠤᠰ ᠢ᠋ ᠪᠢ ᠪᠣᠳᠣᠵᠤ ᠪᠠᠢᠨ᠎ᠠ᠁ ᠭᠡᠮᠡᠨ ᠠᠩᠬᠠᠨ ᠤ᠋ ᠪᠠᠨ ᠵᠠᠷᠯᠢᠭ ᠢ᠋ ᠪᠠᠭᠤᠯᠭᠠᠪᠠ᠃ ᠶᠡᠬᠡ ᠵᠣᠭᠣᠭ ᠲᠤ ᠬᠦᠷᠦᠯᠴᠡᠨ ᠢᠷᠡᠭᠰᠡᠨ ᠨᠣᠶᠠᠳ ᠶᠡᠬᠡᠰ ᠦ᠋ᠳ᠂ ᠭᠣᠶᠣᠯ ᠤ᠋ᠨ ᠬᠣᠪᠴᠠᠰᠤᠲᠠᠢ ᠬᠠᠲᠤᠳ ᠬᠠᠲᠤᠭᠲᠠᠢ ᠨᠠᠷ ᠪᠣᠭᠳᠣᠭ ᠬᠡᠮᠡᠬᠦ ᠥᠨᠳᠥᠷ ᠮᠠᠯᠠᠭᠠᠢ ᠡᠮᠦᠰᠴᠦ ᠪᠡᠶ᠎ᠡ ᠪᠡᠨ ᠦᠵᠡᠰᠬᠦᠯᠡᠩ ᠭᠤᠸ᠎ᠠ ᠰᠠᠢᠬᠠᠨ ᠪᠣᠯᠭᠠᠵᠠᠢ᠃ ᠨᠠᠢᠷ ᠤ᠋ᠨ ᠢᠳᠡᠭᠡ ᠡᠯᠪᠡᠭ ᠪᠠᠶᠠᠨ ᠭᠡᠵᠦ ᠬᠡᠯᠡᠵᠦ ᠪᠠᠷᠠᠰᠢ ᠦᠭᠡᠢ᠃ ᠨᠣᠶᠠᠳ ᠤ᠋ᠳ ᠴᠦ᠍ ᠦᠯᠡᠮᠵᠢ ᠶᠡᠬᠡᠮᠰᠦᠭ ᠪᠠᠢᠳᠠᠯᠲᠠᠢ᠃ ᠪᠠᠷᠠᠭᠤᠨ ᠵᠦᠭ ᠡᠴᠡ ᠴᠠᠭᠠᠲᠠᠢ ᠵᠥᠴᠢ ᠨᠠᠷ ᠡᠭᠦᠰᠬᠡᠨ ᠪᠠᠢᠭᠤᠯᠤᠭᠰᠠᠨ ᠤᠯᠤᠰ ᠤ᠋ᠳ ᠤ᠋ᠨ ᠬᠠᠭᠠᠳ ᠤ᠋ᠨ ᠲᠥᠯᠥᠭᠡᠨ ᠦ᠌ ᠨᠣᠶᠠᠳ ᠪᠠᠰᠠ ᠰᠦᠷᠯᠢᠭ ᠪᠠᠢᠳᠠᠯ ᠲᠠᠢ ᠪᠥᠭᠡᠳ ᠲᠡᠳᠡᠨ ᠦ᠌ ᠵᠦᠭ ᠠᠷᠢᠬᠪᠦ᠋ᠬᠡ ᠬᠠᠭᠠᠨ ᠤ᠋ ᠬᠠᠨᠳᠤᠬᠤ ᠨᠢ ᠢᠯᠡᠭᠦᠦ ᠬᠦᠨᠳᠦᠳᠬᠡᠯᠲᠡᠢ ᠮᠡᠲᠦ᠃ ᠶᠡᠬᠡ ᠭᠦᠷᠦᠨ ᠦ᠌ ᠬᠠᠷᠢᠶᠠᠯᠠᠭᠳᠠᠨ ᠪᠣᠢ ᠭᠠᠵᠠᠷ ᠤ᠋ᠳ ᠤ᠋ᠨ ᠵᠣᠩᠬᠢᠯᠠᠬᠤ ᠠ᠋ᠴᠠ ᠲᠥᠯᠥᠭᠡᠨ ᠦ᠌ ᠪᠤᠶᠤ ᠰᠢᠭᠤᠳ ᠵᠠᠬᠢᠷᠬᠤ ᠨᠣᠶᠠᠳ ᠨᠢ ᠬᠦᠷᠦᠯᠴᠡᠨ ᠢᠷᠡᠭᠰᠡᠨ ᠪᠠᠢᠯ᠎ᠠ᠃ ᠬᠢᠲᠠᠳ ᠨᠤᠲᠤᠭ ᠤ᠋ᠨ ᠵᠦᠭ ᠡᠴᠡ ᠬᠡᠨ ᠴᠦ᠍ ᠪᠠᠢᠭᠰᠠᠨ ᠦᠭᠡᠢ᠃ ᠨᠢᠭᠡᠨᠲᠡ ᠡᠬᠡ ᠶ᠋ᠢᠨ ᠬᠢᠨᠢ ᠠᠮᠤᠭᠤᠯᠠᠩ ᠢ᠋ ᠡᠷᠢᠵᠦ ᠱᠠᠩᠳᠤ ᠠ᠋ᠴᠠ ᠲᠦᠷᠦᠭᠦᠬᠡᠨ ᠢᠷᠡᠭᠰᠡᠨ ᠪᠣᠯᠬᠣᠷ ᠬᠦᠯᠦᠭ ᠶᠡᠬᠡ ᠬᠤᠷᠠᠯᠲᠠᠢ ᠪᠣᠯᠤᠨ ᠬᠤᠷᠢᠮ ᠳ᠋ᠤ᠌ ᠣᠷᠣᠬᠤ ᠶ᠋ᠢ ᠬᠠᠭᠠᠨ ᠲᠠᠮᠠᠭ᠎ᠠ ᠶ᠋ᠢᠨ ᠭᠠᠵᠠᠷ ᠤ᠋ᠨ ᠲᠦᠰᠢᠮᠡᠳ ᠨᠠᠷ ᠵᠥᠪᠰᠢᠶᠡᠷᠡᠭᠰᠡᠨ ᠪᠥᠭᠡᠳ ᠢᠩᠭᠢᠬᠦ ᠶ᠋ᠢ ᠠᠷᠢᠬᠪᠦ᠋ᠬᠡ ᠬᠠᠭᠠᠨ ᠮᠡᠳᠡᠭᠰᠡᠨ ᠪᠠᠢᠪᠠ᠃ ᠨᠠᠢᠷ ᠤ᠋ᠨ ᠬᠣᠶᠠᠳᠠᠬᠢ ᠡᠳᠦᠷ ᠬᠦᠯᠦᠭ ᠳᠦᠷᠢᠮᠲᠦ ᠮᠠᠯᠠᠭᠠᠢ ᠲᠠᠢ ᠪᠠᠨ ᠠᠰᠠᠷ ᠲᠤ ᠢᠷᠡᠲᠡᠯ᠎ᠡ ᠨᠢ ᠨᠢᠭᠡᠨ ᠬᠢᠶ᠎ᠡ ᠬᠥᠮᠦᠨ ᠲᠡᠭᠦᠨ ᠢ᠋ ᠤᠭᠲᠤᠨ ᠠᠭᠤᠯᠵᠠᠭᠠᠳ ᠬᠠᠭᠠᠨᠲᠠᠨ ᠲᠠᠨ ᠢ᠋ ᠥᠪᠡᠷ ᠲᠦ᠍ ᠪᠡᠨ ᠪᠠᠷᠠᠯᠬᠠᠭᠤᠯ ᠭᠡᠰᠡᠨ ᠭᠡᠳ ᠳᠠᠭᠠᠭᠤᠯᠤᠨ ᠶᠠᠪᠤᠵᠤ ᠲᠤᠰᠬᠠᠢ ᠦᠷᠭᠦᠭᠡᠨ ᠳ᠋ᠦ᠍ ᠣᠷᠣᠭᠤᠯᠤᠯ᠎ᠠ᠃ ᠬᠦᠯᠦᠭ ᠬᠤᠪᠴᠠᠰᠤ ᠬᠤᠨᠠᠷ ᠢ᠋ᠶ᠋ᠠᠷ ᠲᠡᠢᠮᠦ ᠴᠦ᠍ ᠰᠠᠢᠨ ᠪᠢᠰᠢ᠂ ᠪᠠᠰᠠ ᠬᠠᠭᠠᠨ ᠳ᠋ᠤ᠌ ᠪᠠᠷᠠᠯᠬᠠᠨ ᠣᠷᠣᠬᠤ ᠶᠣᠰᠣ ᠭᠣᠷᠢᠮ ᠭᠦᠢᠴᠡᠳ ᠮᠡᠳᠡᠬᠦ ᠦᠭᠡᠢ ᠤᠯᠠᠮ ᠠ᠋ᠴᠠ ᠵᠢᠭᠠᠬᠠᠨ ᠰᠠᠨᠳᠤᠷᠴᠤ᠂ ᠴᠢᠷᠠᠢ ᠪᠠᠨ ᠪᠠᠷᠤᠢᠯᠭᠠᠨ ᠦᠷᠭᠦᠭᠡᠨ ᠳ᠋ᠦ᠍ ᠣᠷᠣᠪᠠ᠃ ᠬᠠᠭᠠᠨᠲᠠᠨ ᠳᠡᠷᠭᠡᠳᠡ ᠪᠡᠨ ᠬᠣᠶᠠᠷ ᠲᠦᠰᠢᠮᠡᠯ ᠲᠡᠢ ᠪᠠᠢᠪᠠ᠃ ᠬᠦᠯᠦᠭ ᠰᠥᠭᠥᠳᠦᠨ ᠬᠦᠨᠳᠦᠳᠬᠡᠯ ᠢᠯᠡᠷᠬᠡᠢᠯᠡᠪᠡᠯ ᠬᠠᠭᠠᠨ ᠬᠡᠨᠡᠭ ᠦᠭᠡᠢ ᠪᠠᠢᠳᠠᠯ ᠢ᠋ᠶ᠋ᠠᠷ ᠬᠠᠷᠠᠬᠤ ᠨᠢ ᠤᠷᠲᠤ ᠨᠢᠭᠡᠨ ᠵᠢᠯ ᠦ᠋ᠨ ᠡᠮᠦᠨ᠎ᠡ ᠠᠭᠤᠯᠵᠠᠵᠤ ᠪᠠᠢᠭᠰᠠᠨ ᠠ᠋ᠴᠠ ᠬᠠᠪᠢ ᠦᠭᠡᠢ ᠶᠡᠬᠡ ᠰᠦᠷᠲᠡᠢ ᠪᠣᠯᠤᠭᠰᠠᠨ ᠮᠡᠲᠦ ᠬᠠᠷᠠᠭᠳᠠᠯ᠎ᠠ᠃  
       — ᠬᠦᠯᠦᠭ ᠲᠦᠰᠢᠮᠡᠯ ᠴᠢ ᠶᠠᠮᠠᠷ ᠬᠡᠷᠡᠭ ᠶᠠᠪᠤᠳᠠᠯ ᠲᠠᠢ ᠪᠠᠷ ᠨᠡᠢᠰᠯᠡᠯ ᠳ᠋ᠦ᠍ ᠢᠷᠡᠭᠰᠡᠨ ᠪᠢᠯᠡ? ᠭᠡᠵᠦ ᠬᠠᠭᠠᠨᠲᠠᠨ ᠰᠢᠭᠤᠳ ᠠᠰᠠᠭᠤᠪᠠ᠃ ᠪᠠᠭ᠎ᠠ ᠲᠦᠰᠢᠮᠡᠯ ᠢᠷᠡᠭᠰᠡᠨ ᠪᠦᠬᠦ ᠬᠡᠷᠡᠭ ᠢ᠋ᠶ᠋ᠡᠨ ᠨᠢᠭᠤᠬᠤ ᠠᠷᠭ᠎ᠠ ᠦᠭᠡᠢ᠂ ᠨᠢᠭᠤ ᠭᠡᠵᠦ ᠬᠤᠪᠢᠯᠠᠢ ᠵᠠᠬᠢᠷᠤᠭᠴᠢ ᠴᠦ᠍ ᠬᠡᠯᠡᠭᠡ ᠦᠭᠡᠢ ᠤᠴᠢᠷ ᠪᠦᠬᠦ ᠪᠠᠢᠳᠠᠯ ᠢ᠋ᠶ᠋ᠠᠨ ᠲᠣᠭᠠᠴᠢᠨ ᠠᠢᠯᠠᠳᠬᠠᠪᠠ᠃ ᠠᠷᠢᠬᠪᠦ᠋ᠬᠡ ᠰᠤᠯᠠᠬᠠᠨ ᠢᠨᠢᠶᠡᠵᠦ᠂ ᠵᠢᠭᠠᠬᠠᠨ ᠳᠣᠭᠣᠭᠢᠲᠠᠢ ᠪᠠᠢᠳᠠᠯ ᠢ᠋ᠶ᠋ᠠᠷ ᠬᠠᠷᠠᠭᠠᠳ᠄ 
       — ᠠᠬ᠎ᠠ ᠬᠤᠪᠢᠯᠠᠢ ᠴᠢᠮ᠎ᠠ ᠳ᠋ᠤ᠌ ᠮᠢᠨᠦ ᠪᠠᠢᠳᠠᠯ ᠢ᠋ ᠠᠵᠢᠭᠯᠠᠵᠤ ᠪᠠᠢ ᠭᠡᠰᠡᠨ ᠭᠡᠨ᠎ᠡ ᠠ᠋  ᠬᠦ? ᠭᠡᠵᠦ ᠠᠰᠠᠭᠤᠪᠠ᠃  
       — ᠪᠣᠭᠣᠯ ᠨᠢ ᠲᠡᠢᠮᠦ ᠲᠤᠰᠢᠶᠠᠯ ᠬᠦᠯᠢᠶᠡᠭᠰᠡᠨ ᠪᠢᠯᠡ᠃  
       — ᠬᠤᠪᠢᠯᠠᠢ ᠠᠬ᠎ᠠ ᠥᠪᠡᠷ ᠢ᠋ᠶ᠋ᠡᠨ ᠶᠠᠮᠠᠷ ᠪᠠᠢᠳᠠᠯ ᠲᠠᠢ ᠪᠠᠢᠨ᠎ᠠ ᠪᠣᠢ? 
       — ᠶᠠᠮᠠᠷ ᠴᠦ᠍ ᠭᠡᠮᠡᠷ ᠶᠦᠮ ᠪᠣᠢ᠃ ᠳᠡᠷᠭᠡᠳᠡ ᠪᠡᠨ ᠴᠥᠭᠡᠨ ᠮᠣᠩᠭᠣᠯ ᠨᠣᠶᠠᠳ ᠲᠠᠢ᠂ ᠬᠡᠳᠦ ᠬᠡᠳᠦᠨ ᠬᠢᠲᠠᠳ ᠲᠦᠰᠢᠮᠡᠯ᠂ ᠡᠷᠳᠡᠮᠲᠡᠨ ᠨᠠᠷ ᠲᠠᠢ ᠬᠠᠮᠲᠤ ᠶᠠᠪᠤᠳᠠᠭ᠃ ᠲᠡᠳᠡ ᠶᠡᠬᠡ ᠵᠠᠬᠢᠷᠤᠭᠴᠢ ᠪᠠᠨ ᠬᠠᠭᠠᠨ ᠰᠢᠷᠡᠭᠡᠨ ᠳ᠋ᠦ᠍ ᠰᠠᠭᠤᠯᠭᠠᠨ᠎ᠠ ᠭᠡᠵᠦ ᠶᠡᠬᠡ ᠶᠠᠷᠢᠯᠴᠠᠵᠤ ᠪᠠᠢᠭᠰᠠᠨ᠂ ᠲᠡᠭᠡᠭᠡᠳ ᠬᠠᠭᠠᠨ ᠪᠣᠯᠤᠯ᠎ᠠ ᠭᠡᠰᠡᠨ᠃ ᠪᠣᠭᠣᠯ ᠨᠠᠮᠠᠶ᠋ᠢ ᠥᠷᠥᠰᠢᠶᠡᠵᠦ ᠪᠣᠯᠭᠣᠭ᠎ᠠ᠂ ᠬᠠᠭᠠᠨᠲᠠᠨ ᠮᠢᠨᠢ! ᠭᠡᠵᠦ ᠬᠦᠯᠦᠭ ᠪᠥᠬᠥᠢᠨ ᠶᠣᠰᠣ ᠬᠢᠯ᠎ᠡ᠃ 
       ᠬᠠᠭᠠᠨ ᠲᠡᠭᠦᠨ ᠢ᠋ ᠬᠠᠷᠠᠭᠠᠳ᠄ 
       — ᠴᠢ ᠶᠡᠬᠡ ᠳᠤᠭᠤᠯᠪᠤᠷᠢᠲᠠᠢ ᠲᠦᠰᠢᠮᠡᠯ ᠪᠢᠵᠡ ᠳᠡ᠃ ᠴᠢ ᠴᠣᠬᠣᠮ ᠶᠠᠭᠤ ᠬᠢᠳᠡᠭ ᠡᠷ᠎ᠡ ᠪᠣᠢ? ᠭᠡᠵᠦ ᠠᠰᠠᠭᠤᠯ᠎ᠠ᠃ ᠬᠦᠯᠦᠭ ᠬᠠᠨᠴᠤᠢ ᠪᠠᠷ ᠢ᠋ᠶ᠋ᠠᠨ ᠬᠥᠯᠥᠰᠥ ᠪᠡᠨ ᠱᠤᠳᠤᠷᠤᠭᠠᠳ᠄ 
       — ᠪᠣᠭᠣᠯ ᠪᠢ ᠶᠡᠬᠡ ᠵᠠᠬᠢᠷᠤᠭᠴᠢ ᠶ᠋ᠢᠨ ᠲᠠᠮᠠᠭ᠎ᠠ ᠶ᠋ᠢᠨ ᠭᠠᠵᠠᠷ ᠲᠤ ᠪᠢᠴᠢᠭ ᠬᠠᠭᠤᠯᠤᠨ ᠪᠢᠴᠢᠳᠡᠭ᠃ ᠪᠢ ᠮᠣᠩᠭᠣᠯ ᠪᠢᠴᠢᠭ ᠰᠡᠢᠷᠡᠭᠦᠯᠦᠨ ᠪᠢᠴᠢᠳᠡᠭ ᠠᠯᠪᠠ ᠲᠠᠢ᠃ 
       — ᠮᠡᠳᠡᠯ᠎ᠡ᠃ ᠬᠤᠪᠢᠯᠠᠢ ᠠᠬ᠎ᠠ ᠰᠡᠭᠦᠯ ᠦ᠋ᠨ ᠦᠶ᠎ᠡ ᠳ᠋ᠦ᠍ ᠴᠢᠮ᠎ᠠ ᠪᠠᠷ ᠶᠠᠮᠠᠷ ᠪᠢᠴᠢᠭ ᠰᠡᠢᠷᠡᠭᠦᠯᠦᠭᠰᠡᠨ ᠪᠣᠢ?
       — ᠶᠡᠬᠡ ᠯᠡ ᠣᠯᠠᠨ ᠪᠢᠴᠢᠭ ᠪᠣᠢ᠃ ᠲᠡᠷᠡ ᠪᠦᠬᠦᠨ ᠢ᠋ ᠪᠢ ᠮᠠᠷᠲᠠᠵᠠᠢ᠃ ᠰᠥᠩ ᠤᠯᠤᠰ ᠤ᠋ᠨ ᠨᠡᠢᠰᠯᠡᠯ ᠵᠣᠣ ᠬᠣᠲᠠ ᠶ᠋ᠢ ᠪᠦᠰᠡᠯᠡᠨ ᠬᠠᠭᠠᠬᠤ ᠶ᠋ᠢ ᠪᠠᠶᠠᠨ ᠵᠠᠩᠵᠤᠨ ᠳ᠋ᠤ᠌ ᠲᠤᠰᠢᠶᠠᠭᠰᠠᠨ ᠪᠢᠴᠢᠭ ᠲᠠᠭᠠᠷᠠᠯᠳᠤᠵᠤ ᠪᠠᠢᠭᠰᠠᠨ᠃ ᠺᠦᠩᠽᠢ ᠭᠡᠳᠡᠭ ᠶᠡᠬᠡ ᠤᠬᠠᠭᠠᠨᠲᠠᠨ ᠤ᠋ ᠵᠣᠬᠢᠶᠠᠯ᠂ ᠰᠢᠯᠦᠭ ᠨᠣᠮ ᠭᠡᠳ ᠪᠠᠬᠠᠨ ᠶᠠᠭᠤᠮ᠎ᠠ ᠪᠢᠴᠢᠭᠦᠯᠳᠡᠭ᠃ ᠲᠡᠷᠡ ᠨᠢ ᠬᠢᠲᠠᠳ ᠬᠥᠮᠦᠨ ᠦ᠌ ᠮᠣᠩᠭᠣᠯ ᠢ᠋ᠶ᠋ᠠᠷ ᠪᠢᠴᠢᠭᠰᠡᠨ ᠢ᠋ ᠨᠢ ᠪᠢ ᠭᠣᠶᠣ ᠪᠣᠯᠭᠠᠨ ᠬᠠᠭᠤᠯᠵᠤ᠂ ᠵᠠᠬᠢᠷᠤᠭᠴᠢ ᠲᠡᠭᠦᠨ ᠢ᠋ ᠤᠩᠰᠢᠳᠠᠭ ᠪᠣᠯᠤᠯᠲᠠᠢ ᠪᠢᠯᠡ ᠭᠡᠵᠦ ᠬᠦᠯᠦᠭ ᠠᠢᠯᠠᠳᠪᠠ᠃ 
       ᠬᠠᠭᠠᠨ ᠪᠠᠭ᠎ᠠ ᠲᠦᠰᠢᠮᠡᠯ ᠢ᠋ ᠪᠠᠬᠠᠨ ᠠᠵᠢᠭᠯᠠᠵᠤ ᠪᠠᠢᠭᠰᠠᠨ ᠢ᠋ᠶ᠋ᠠᠨ᠄ 
       — ᠪᠢ ᠴᠢᠮᠠᠶ᠋ᠢ ᠣᠳᠣᠬᠠᠨ ᠪᠤᠴᠠᠭᠠᠬᠤ ᠰᠠᠨᠠᠭᠠᠲᠠᠢ᠃ ᠴᠢ ᠵᠠᠷᠯᠢᠭ ᠪᠡᠶᠡᠯᠡᠭᠦᠯᠵᠦ ᠴᠢᠳᠠᠬᠤ ᠪᠠᠢᠳᠠᠯᠲᠠᠢ ᠡᠷ᠎ᠡ ᠪᠣᠯᠤᠯᠲᠠᠢ᠃ ᠴᠢ ᠮᠢᠨᠦ ᠨᠢᠭᠡ ᠪᠢᠴᠢᠭ ᠢ᠋ ᠠᠪᠴᠤ ᠶᠠᠪᠤᠭᠠᠳ ᠡᠵᠡᠨ ᠳ᠋ᠦ᠍ ᠪᠡᠨ ᠥᠭ᠃ ᠴᠢ ᠬᠤᠪᠢᠯᠠᠢ ᠠᠬ᠎ᠠ ᠳ᠋ᠤ᠌ ᠨᠠᠮᠠᠶ᠋ᠢ ᠣᠷᠣ ᠰᠠᠭᠤᠯ᠎ᠠ ᠭᠡᠳᠡᠭ ᠢ᠋ ᠤᠯᠠᠮᠵᠢᠯᠠᠨ ᠬᠡᠯᠡᠭᠡᠳ᠂ ᠡᠨᠳᠡ ᠶᠠᠭᠤ ᠶᠠᠭᠤ ᠪᠣᠯᠤᠭᠰᠠᠨ ᠢ᠋ ᠨᠢᠭᠡᠳ ᠨᠢᠭᠡᠨ ᠦᠭᠡᠢ ᠠᠢᠯᠠᠳᠬᠠᠬᠤ ᠪᠢᠵᠡ᠃ ᠨᠢᠭᠤᠬᠤ ᠵᠦᠢᠯ ᠪᠠᠢᠬᠤ ᠦᠭᠡᠢ᠃《ᠠᠬ᠎ᠠ ᠮᠢᠨᠢ ᠠ᠋! ᠲᠠ ᠵᠢᠪᠡᠭᠦᠷᠬᠡᠭᠡᠳ ᠪᠠᠢᠯ ᠦᠭᠡᠢ ᠶᠠᠪᠤᠭᠠᠳ ᠢᠷᠡᠭᠡᠴᠢ᠂ ᠬᠠᠮᠲᠤᠷᠠᠵᠤ ᠬᠡᠯᠡᠯᠴᠡᠬᠦ ᠵᠦᠢᠯ ᠲᠣᠯᠣᠭᠠᠢ ᠲᠠᠢ ᠦᠰᠦᠨ ᠡᠴᠡ ᠳᠤᠲᠠᠭᠤ ᠦᠭᠡᠢ ᠪᠠᠢᠪᠠ》 ᠭᠡᠵᠦ ᠨᠠᠮᠠᠶ᠋ᠢ ᠬᠡᠯᠡᠭᠰᠡᠨ ᠭᠡᠨ᠎ᠡ ᠪᠢᠵᠡ᠃ ᠵᠠ ᠶᠠᠪᠤ! ᠮᠠᠷᠭᠠᠰᠢ ᠡᠨᠡ ᠨᠣᠶᠠᠨ ᠲᠠᠨ ᠳ᠋ᠤ᠌ ᠪᠢᠴᠢᠭ ᠭᠠᠷᠳᠠᠭᠤᠯᠤᠨ᠎ᠠ ᠭᠡᠵᠦ ᠬᠠᠵᠠᠭᠤᠳᠠᠬᠢ ᠲᠦᠰᠢᠮᠡᠯ ᠢ᠋ᠶ᠋ᠡᠨ ᠵᠢᠭᠠᠵᠤ ᠬᠡᠯᠡᠯ᠎ᠡ᠃ ᠬᠦᠯᠦᠭ ᠰᠦᠷ ᠲᠦ᠍ ᠳᠠᠷᠤᠭᠳᠠᠨ ᠵᠠ ᠭᠡᠵᠦ ᠬᠡᠯᠡᠬᠦ ᠡᠴᠡ ᠥᠭᠡᠷ᠎ᠡ ᠦᠭᠡ ᠬᠡᠯᠡᠵᠦ ᠪᠣᠯᠬᠤ ᠦᠭᠡᠢ ᠨᠢ ᠮᠡᠳᠡᠭᠡᠵᠢ᠃ 
       ᠡᠨᠡ ᠲᠦᠰᠢᠮᠡᠯ ᠬᠠᠭᠠᠨ ᠤ᠋ ᠣᠷᠳᠣᠨ ᠠ᠋ᠴᠠ ᠭᠠᠷᠬᠤ ᠳ᠋ᠤ᠌ ᠪᠠᠨ ᠠᠷᠢᠬᠪᠥ᠋ᠬᠡ ᠶ᠋ᠢ ᠪᠣᠳᠣᠨ《ᠢᠯᠡ ᠰᠢᠯᠤᠭᠤᠨ ᠦᠭᠡ ᠶᠠᠷᠢᠶ᠎ᠠ ᠲᠠᠢ᠂ ᠵᠠᠷᠯᠢᠭ ᠨᠢ ᠲᠣᠳᠣ᠂ ᠣᠯᠠᠨ ᠲᠠᠪᠤᠨ ᠶᠠᠭᠤᠮ᠎ᠠ ᠡᠰᠡ ᠶᠠᠷᠢᠬᠤ ᠰᠠᠢᠬᠠᠨ ᠡᠷ᠎ᠡ ᠶᠦᠮ ᠪᠠᠢᠨ᠎ᠠ᠃ ᠬᠠᠭᠠᠨ ᠪᠣᠯᠤᠯ᠎ᠠ ᠭᠡᠳ ᠡᠵᠡᠨ ᠪᠠᠢᠳᠠᠯ ᠨᠢ ᠬᠤᠪᠢᠷᠠᠭᠰᠠᠨ ᠰᠢᠨᠵᠢ ᠦᠭᠡᠢ ᠰᠢᠪ᠃ ᠲᠩᠷᠢ ᠶ᠋ᠢᠨ ᠠᠪᠤᠷᠠᠯ ᠢ᠋ᠶ᠋ᠠᠷ ᠪᠢᠳᠡ ᠬᠡᠢᠮᠦᠷᠢᠯᠢᠭ ᠬᠠᠭᠠᠨ ᠲᠠᠢ ᠪᠣᠯᠵᠤ ᠪᠠᠢᠭ᠎ᠠ ᠨᠢ ᠡᠨᠡ ᠪᠢᠵᠡ ᠠ᠋》 ᠭᠡᠮᠡᠨ ᠪᠣᠳᠣᠵᠠᠢ᠃ 
       ᠬᠦᠯᠦᠭ ᠬᠠᠷᠠᠬᠣᠷᠣᠮ ᠠ᠋ᠴᠠ ᠪᠤᠴᠠᠬᠤ ᠬᠦᠷᠲᠡᠯ᠎ᠡ ᠪᠡᠨ ᠳᠡᠭᠦᠦ ᠶ᠋ᠢᠨ ᠳ᠋ᠦ᠍ ᠪᠡᠨ ᠣᠴᠢᠵᠤ ᠮᠣᠷᠢᠨᠱᠠᠭᠠᠢ ᠪᠠᠷ ᠬᠣᠭᠣᠯᠠ ᠬᠢᠯᠭᠡᠵᠦ ᠢᠳᠡᠭᠡᠳ᠂ ᠪᠠᠬᠠᠨ ᠶᠠᠷᠢᠵᠤ ᠲᠤᠬᠠᠯᠠᠨ ᠰᠠᠭᠤᠭᠠᠳ ᠪᠢᠯᠢᠭᠦᠨ ᠢ᠋ ᠬᠤᠪᠢᠯᠠᠢ ᠤᠷᠤᠭᠤ ᠡᠷᠭᠢᠵᠦ ᠪᠢᠲᠡᠭᠡᠢ ᠣᠴᠢᠭᠠᠷᠠᠢ᠃ ᠴᠢ ᠲᠠᠢᠰᠢ ᠪᠠᠨ ᠣᠴᠢᠭᠠᠳ ᠮᠠᠭᠤ ᠪᠠᠨ ᠦᠵᠡᠨ᠎ᠡ ᠰᠢᠦ᠃ ᠵᠠᠬᠢᠷᠤᠭᠴᠢ ᠪᠣᠯ ᠳᠣᠲᠣᠭᠤᠷ ᠲᠠᠮᠢᠷ ᠲᠠᠢ ᠬᠥᠮᠦᠨ᠃ ᠡᠨᠡ ᠬᠠᠭᠠᠨ ᠠᠬ᠎ᠠ ᠳᠡᠭᠦᠦ ᠬᠣᠶᠠᠷ ᠨᠢᠭᠡᠳᠦᠨ ᠡᠪᠰᠡᠵᠦ ᠤᠯᠤᠰ ᠭᠦᠷᠦᠨ ᠦ᠌ ᠪᠡᠨ ᠲᠥᠯᠥᠭᠡ ᠬᠠᠮᠲᠤᠷᠠᠨ ᠵᠢᠳᠬᠦᠵᠦ ᠴᠢᠳᠠᠬᠤ ᠦᠭᠡᠢ ᠪᠣᠯᠪᠠ ᠤᠤ᠃ ᠴᠢ ᠪᠢᠳᠡ ᠮᠡᠲᠦ ᠶ᠋ᠢᠨ ᠬᠥᠮᠦᠰ ᠶᠡᠬᠡ ᠤᠯᠤᠰ ᠤ᠋ᠨ ᠬᠥᠯ ᠳ᠋ᠦ᠍ ᠦᠷᠡᠭᠳᠡᠬᠦ ᠪᠠᠢᠬ᠎ᠠ᠃ ᠲᠩᠷᠢ ᠮᠢᠨᠢ᠂ ᠵᠠᠶᠠᠭ᠎ᠠ ᠮᠢᠨᠢ ᠯᠡ ᠥᠷᠥᠰᠢᠶᠡᠬᠦ ᠪᠣᠯᠲᠤᠭᠠᠢ᠃ ᠬᠤᠪᠢᠯᠠᠢ ᠶ᠋ᠢᠨ ᠳᠡᠷᠭᠡᠳᠡ ᠣᠴᠢᠭᠠᠳ ᠰᠠᠢᠨ ᠢ᠋ᠶ᠋ᠠᠨ ᠦᠵᠡᠬᠦ ᠦᠭᠡᠢ᠃ ᠲᠡᠷᠡ ᠨᠣᠶᠠᠨ ᠶᠡᠬᠡ ᠬᠠᠷᠠᠲᠠᠢ ᠪᠣᠯᠬᠣᠷ ᠨᠠᠮᠠᠶ᠋ᠢ ᠰᠦᠢᠳᠦᠭᠦᠯᠦᠨ᠎ᠡ ᠭᠡᠵᠦ ᠪᠣᠳᠣᠵᠤ ᠪᠠᠢᠭ᠎ᠠ ᠶ᠋ᠢ ᠪᠡᠨ ᠬᠦᠯᠦᠭ ᠳᠡᠭᠦᠦ ᠳ᠋ᠦ᠍ ᠪᠡᠨ ᠢᠯᠡ ᠬᠡᠯᠡᠭᠰᠡᠨ ᠪᠠᠢᠨ᠎ᠠ᠃ 
       ᠱᠠᠩᠳᠤ ᠬᠣᠲᠠ ᠤᠯᠠᠮ ᠭᠣᠶᠣ ᠪᠣᠯᠵᠠᠢ᠃ ᠬᠣᠲᠠ ᠶ᠋ᠢᠨ ᠲᠥᠪ᠂ ᠶᠡᠬᠡ ᠡᠵᠡᠨ ᠦ᠌ ᠥᠷᠭᠥᠭᠡ ᠬᠠᠪᠢ ᠳ᠋ᠤ᠌ ᠤᠰᠤᠨ ᠣᠷᠭᠢᠯᠤᠭᠤᠷ᠂ ᠮᠥᠩᠬᠡ ᠨᠣᠭᠣᠭᠠᠨ ᠮᠣᠳᠣ ᠪᠠᠷ ᠪᠦᠷᠬᠦᠮᠡᠯ ᠬᠢᠮᠡᠯ ᠠᠭᠤᠯᠠ ᠪᠣᠢ ᠪᠣᠯᠵᠤ᠂ ᠲᠡᠷᠡ ᠭᠠᠵᠠᠷ ᠲᠤ ᠨᠢ ᠬᠡᠭᠡᠷ᠎ᠡ ᠡᠴᠡ ᠪᠠᠷᠢᠵᠤ ᠢᠷᠡᠭᠰᠡᠨ ᠵᠡᠷᠯᠢᠭ ᠠᠮᠢᠲᠠᠳ(ᠭᠥᠷᠥᠭᠡᠰᠦ᠂ ᠮᠠᠷᠠᠯ᠂ ᠪᠤᠭᠤ᠂ ᠰᠤᠭᠤ ᠮᠡᠲᠦ) ᠶᠠᠪᠤᠵᠤ ᠪᠠᠢᠵᠤ ᠬᠠᠷᠠᠭᠳᠠᠨ᠎ᠠ᠃ ᠳᠤᠯᠠᠭᠠᠨ ᠣᠷᠣᠨ ᠠ᠋ᠴᠠ ᠠᠪᠴᠤ ᠢᠷᠡᠵᠦ ᠨᠤᠲᠤᠭᠰᠢᠭᠤᠯᠤᠨ ᠪᠠᠢᠭ᠎ᠠ ᠭᠡᠳ ᠤᠯᠠᠭᠠᠨ᠂ ᠰᠢᠷ᠎ᠠ᠂ ᠨᠣᠭᠣᠭᠠᠨ ᠲᠣᠯᠣᠭᠠᠢ ᠲᠠᠢ ᠲᠣᠳᠢ ᠰᠢᠪᠠᠭᠤᠳ ᠮᠣᠳᠣᠨ ᠤ᠋ ᠮᠥᠴᠢᠷ ᠳᠠᠮᠵᠢᠨ ᠨᠢᠰᠦᠭᠡᠳ᠂ ᠬᠥᠮᠦᠨ ᠶᠠᠭᠤ ᠬᠡᠯᠡᠨ᠎ᠡ᠂ ᠡᠯᠡᠭᠯᠡᠵᠦ ᠪᠠᠢᠭ᠎ᠠ ᠠᠳᠠᠯᠢ ᠪᠠᠷ ᠳᠠᠭᠤᠷᠢᠶᠠᠨ ᠳᠤᠤᠭᠠᠷᠴᠤ ᠬᠥᠮᠦᠰ ᠦ᠋ᠨ ᠢᠨᠢᠶᠡᠳᠦ ᠬᠦᠷᠭᠡᠨ᠎ᠡ᠃ ᠡᠨᠡ ᠪᠦᠭᠦᠳᠡ ᠶ᠋ᠢ ᠮᠣᠩᠭᠣᠯ᠂ ᠬᠢᠲᠠᠳ ᠴᠡᠷᠢᠭ ᠦ᠋ᠳ᠂ ᠬᠣᠲᠠ ᠪᠠᠢᠭᠤᠯᠤᠭᠴᠢᠳ ᠬᠡᠳᠦᠬᠡᠨ ᠵᠢᠯ ᠦ᠋ᠨ ᠳᠣᠲᠣᠷ᠎ᠠ ᠪᠣᠢ ᠪᠣᠯᠭᠠᠵᠤ᠂ ᠲᠡᠭᠦᠨ ᠳ᠋ᠦ᠍ ᠨᠢ ᠡᠵᠡᠨ ᠵᠠᠬᠢᠷᠤᠭᠴᠢ ᠵᠢᠭᠲᠡᠢ ᠶᠡᠬᠡ ᠳᠠᠭᠠᠯᠠᠳᠠᠭ᠂ ᠣᠷᠣᠢ ᠦᠷᠯᠦᠭᠡ ᠶ᠋ᠢᠨ ᠴᠠᠭ ᠢ᠋ᠶ᠋ᠠᠷ ᠲᠡᠷᠡ ᠠᠮᠢᠲᠠᠳ ᠢ᠋ ᠦᠵᠡᠨ ᠵᠤᠭᠠᠴᠠᠳᠠᠭ ᠪᠣᠯᠵᠠᠢ᠃ ᠬᠣᠲᠠ ᠶ᠋ᠢᠨ ᠳᠣᠲᠣᠷ᠎ᠠ ᠨᠠᠪᠴᠢ ᠴᠡᠴᠡᠭ ᠳᠡᠯᠭᠡᠷᠡᠨ᠂ ᠤᠰᠤ ᠬᠢᠮᠡᠯ ᠣᠷᠭᠢᠯᠤᠭᠤᠷ ᠢ᠋ᠶ᠋ᠠᠷ ᠨᠦᠷᠭᠢᠯᠡᠨ ᠪᠠᠭᠤᠭᠰᠠᠨ ᠴᠠᠭ ᠢ᠋ᠶ᠋ᠠᠷ ᠬᠦᠯᠦᠭ᠂ ᠠᠷᠢᠬᠪᠥ᠋ᠬᠡ ᠬᠠᠭᠠᠨ ᠤ᠋ ᠲᠠᠮᠠᠭ᠎ᠠ ᠶ᠋ᠢᠨ ᠭᠠᠵᠠᠷ ᠠ᠋ᠴᠠ ᠬᠤᠪᠢᠯᠠᠢ ᠵᠠᠬᠢᠷᠤᠭᠴᠢ ᠳ᠋ᠤ᠌ ᠥᠭᠭᠦᠭᠰᠡᠨ ᠪᠢᠴᠢᠭ ᠢ᠋ ᠡᠪᠦᠷᠯᠡᠨ ᠳᠠᠪᠬᠢᠵᠤ ᠣᠷᠣᠵᠤ ᠢᠷᠡᠯ᠎ᠡ᠃ ᠡᠨᠡ ᠪᠢᠴᠢᠭ ᠬᠦᠯᠦᠭ ᠲᠦ᠍ ᠭᠠᠢ ᠵᠣᠪᠠᠯᠠᠩ᠂ ᠠᠵᠠ ᠵᠠᠪᠰᠢᠶᠠᠨ ᠠᠯᠢ ᠶ᠋ᠢ ᠥᠭᠬᠦ ᠲᠠᠭᠠᠪᠦᠷᠢᠲᠠᠢ ᠶ᠋ᠢ ᠮᠡᠳᠡᠬᠦ ᠶ᠋ᠢᠨ ᠠᠷᠭ᠎ᠠ ᠠᠯᠠᠭ᠎ᠠ᠃ 
       ᠪᠠᠭ᠎ᠠ ᠲᠦᠰᠢᠮᠡᠯ ᠱᠠᠩᠳᠤ ᠳ᠋ᠤ᠌ ᠢᠷᠡᠭᠰᠡᠨ ᠳᠣᠣᠷ᠎ᠠ ᠪᠠᠨ ᠵᠠᠬᠢᠷᠤᠭᠴᠢ ᠶ᠋ᠢᠨ ᠲᠠᠮᠠᠭ᠎ᠠ ᠶ᠋ᠢᠨ ᠭᠠᠵᠠᠷ ᠲᠤ ᠪᠠᠷᠠᠯᠬᠠᠨ ᠬᠠᠷ᠎ᠠ ᠬᠣᠷᠣᠮ ᠤ᠋ᠨ ᠪᠢᠴᠢᠭ ᠢ᠋ ᠳᠡᠭᠡᠳᠦᠰ ᠲᠦ᠍ ᠭᠠᠷᠳᠠᠭᠤᠯᠬᠤ ᠤᠴᠢᠷ ᠢ᠋ᠶ᠋ᠠᠨ ᠠᠢᠯᠠᠳᠬᠠᠪᠠ᠃ ᠤᠭ ᠬᠡᠷᠡᠭ ᠴᠠᠭᠠᠰᠢ ᠴᠠᠭᠠᠰᠢ ᠳᠠᠭᠠᠭᠠᠮᠵᠢᠷᠠᠭᠰᠠᠭᠠᠷ ᠳᠣᠣᠷᠠᠬᠠᠨ ᠢ᠋ᠶ᠋ᠠᠨ ᠬᠤᠪᠢᠯᠠᠢ ᠳ᠋ᠤ᠌ ᠬᠦᠷᠴᠦ ᠪᠠᠭ᠎ᠠ ᠲᠦᠰᠢᠮᠡᠯ ᠢ᠋ ᠬᠠᠭᠠᠨ ᠳ᠋ᠤ᠌ ᠪᠡᠶ᠎ᠡ ᠪᠡᠷ ᠪᠠᠷᠠᠯᠬ᠎ᠠ ᠭᠡᠯ᠎ᠡ᠃ ᠬᠦᠯᠦᠭ ᠲᠡᠷᠡ ᠬᠠᠭᠠᠨ ᠭᠡᠭᠴᠢ ᠶ᠋ᠢᠨ ᠳᠣᠲᠣᠭᠠᠳᠤ ᠠᠯᠪᠠᠨ ᠤ᠋ ᠣᠷᠳᠣᠨ ᠳ᠋ᠤ᠌ ᠣᠷᠣᠪᠠᠯ ᠶᠠᠭᠤᠮ᠎ᠠ ᠶᠠᠭᠤᠮ᠎ᠠ ᠨᠢ ᠬᠡᠳᠦᠬᠡᠨ ᠬᠣᠨᠣᠭ ᠤ᠋ᠨ ᠡᠮᠦᠨᠡᠬᠢ ᠡᠴᠡ ᠶᠡᠬᠡ ᠥᠭᠡᠷ᠎ᠡ ᠪᠣᠯᠵᠠᠢ᠃ ᠡᠵᠡᠨ ᠦ᠌ ᠵᠢᠰᠠᠭᠠᠯᠠᠳᠠᠭ ᠥᠷᠭᠥᠭᠡ ᠶ᠋ᠢ ᠬᠡᠳᠦᠨ ᠳᠠᠪᠬᠤᠷ ᠬᠠᠭᠠᠯᠭ᠎ᠠ ᠲᠠᠢ ᠪᠣᠯᠭᠠᠭᠠᠳ᠂ ᠡᠭᠦᠳᠡ ᠲᠤᠰ ᠪᠦᠷᠢ ᠳ᠋ᠦ᠍ ᠬᠠᠷᠠᠭᠤᠯ ᠵᠣᠭᠰᠣᠨ᠂ ᠣᠷᠣᠬᠤ ᠭᠠᠷᠬᠤ ᠬᠥᠮᠦᠰ ᠢ᠋ ᠰᠢᠯᠭᠠᠨ᠎ᠠ᠃ ᠲᠡᠷᠡ ᠨᠢ ᠴᠦ᠍ ᠬᠤᠪᠢᠯᠠᠢ ᠳ᠋ᠤ᠌ ᠬᠣᠣᠷ ᠬᠦᠷᠭᠡᠬᠦ ᠭᠡᠰᠡᠨ ᠶᠠᠮᠠᠷ ᠨᠢᠭᠡ ᠣᠷᠣᠯᠳᠣᠯᠭ᠎ᠠ ᠭᠠᠷᠤᠭᠰᠠᠨ ᠲᠠᠢ ᠪᠠᠢᠵᠤ ᠪᠣᠯᠬᠤ ᠶ᠋ᠢ ᠲᠦᠰᠢᠮᠡᠯ ᠲᠠᠭᠠᠪᠤᠷᠢᠯᠠᠨ ᠮᠡᠳᠡᠯ᠎ᠡ᠃ 
       ᠬᠦᠯᠦᠭ ᠢ᠋ ᠲᠠᠰᠤᠯᠭᠠᠨ ᠳ᠋ᠤ᠌ ᠪᠠᠨ ᠣᠷᠣᠮᠠᠭᠴᠠ ᠬᠤᠪᠢᠯᠠᠢ ᠡᠶᠡᠯᠳᠡᠩᠭᠡᠨ ᠴᠢᠷᠠᠢ ᠭᠠᠷᠭᠠᠨ ᠬᠢᠵᠦ ᠪᠠᠢᠭᠰᠠᠨ ᠬᠡᠷᠡᠭ ᠢ᠋ᠶ᠋ᠡᠨ ᠬᠣᠢᠰᠢ ᠲᠠᠯᠪᠢᠭᠠᠳ᠂ ᠶᠠᠷᠢᠶ᠎ᠠ ᠡᠭᠦᠰᠬᠡᠭᠰᠡᠨ ᠨᠢ ᠡᠵᠡᠨ ᠬᠠᠷᠠᠬᠣᠷᠣᠮ ᠤ᠋ᠨ ᠵᠦᠭ ᠶᠠᠮᠠᠷ ᠶᠡᠬᠡ ᠠᠩᠬᠠᠷᠤᠯ ᠲᠠᠯᠪᠢᠵᠤ ᠪᠠᠢᠭ᠎ᠠ ᠶ᠋ᠢ ᠭᠡᠷᠡᠴᠢᠯᠡᠨ᠎ᠡ᠃ ᠲᠡᠷᠡ ᠬᠣᠶᠠᠷ ᠤ᠋ᠨ ᠬᠣᠭᠣᠷᠣᠨᠳᠣ ᠬᠠᠯᠠᠭᠤᠨ ᠶᠠᠷᠢᠶ᠎ᠠ ᠡᠬᠢᠯᠡᠯ᠎ᠡ᠃ ᠬᠤᠪᠢᠯᠠᠢ ᠣᠨᠢᠭᠠᠷᠳᠠᠭᠤ ᠨᠢᠳᠦ ᠪᠡᠨ ᠲᠣᠮᠣ ᠪᠣᠯᠭᠠᠨ ᠪᠠᠭ᠎ᠠ ᠲᠦᠰᠢᠮᠡᠯ ᠢ᠋ ᠰᠢᠷᠳᠡᠨ ᠠᠵᠢᠭᠯᠠᠭᠠᠳ᠄ 
       — ᠴᠢ ᠶᠠᠭᠠᠬᠢᠭᠰᠠᠨ ᠬᠤᠷᠳᠤᠨ ᠡᠷᠭᠢᠭᠡᠳ ᠢᠷᠡᠪᠡ ᠠ᠋? ᠪᠢ ᠴᠢᠮᠠᠶ᠋ᠢ ᠲᠡᠨᠳᠡ ᠵᠢᠭᠠᠯ ᠪᠠᠢᠵᠠᠨ᠎ᠠ ᠭᠡᠰᠡᠨ ᠪᠢᠰᠢ ᠪᠢᠯᠡ ᠤᠤ? 
       — ᠥᠷᠥᠰᠢᠶᠡᠵᠦ ᠪᠣᠯᠭᠣᠭ᠎ᠠ ᠳᠡᠭᠡᠳᠦᠰ ᠮᠢᠨᠢ! ᠨᠠᠮᠠᠶ᠋ᠢ ᠡᠨᠡ ᠪᠢᠴᠢᠭ ᠢ᠋ ᠲᠠᠨ ᠳ᠋ᠤ᠌ ᠭᠠᠷᠳᠠᠭᠤᠯᠤᠨ ᠪᠡᠷᠢ ᠭᠡᠵᠦ ᠠᠷᠢᠬᠪᠥ᠋ᠬᠡ ᠬᠠᠭᠠᠨ ᠥᠭᠡᠳᠡ ᠡᠴᠡ ᠲᠤᠰᠢᠶᠠᠨ᠂ ᠲᠡᠨᠳᠡ ᠡᠴᠡ ᠨᠠᠭᠠᠰᠢ ᠨᠢ ᠡᠷᠭᠢᠭᠦᠯᠦᠭᠡᠳ ᠬᠥᠭᠡᠭᠡᠯ᠎ᠡ᠃ ᠪᠢ ᠡᠷᠭᠢᠵᠦ ᠢᠷᠡᠬᠦ ᠡᠴᠡ ᠥᠭᠡᠷ᠎ᠡ ᠠᠷᠭ᠎ᠠ ᠦᠭᠡᠢ ᠪᠣᠯᠤᠭᠰᠠᠨ ᠭᠡᠪᠡᠯ ᠬᠤᠪᠢᠯᠠᠢ ᠳᠡᠭᠦᠦ ᠶ᠋ᠢᠨ ᠢ᠋ᠶ᠋ᠡᠨ ᠮᠣᠳᠣᠷ ᠤ᠋ᠨ ᠪᠢᠴᠢᠭ ᠢ᠋ ᠶᠠᠭᠠᠷᠠᠨ ᠠᠪᠴᠤ ᠦᠵᠡᠭᠡᠳ᠂ ᠳᠤᠬᠤ ᠪᠠᠨ ᠮᠠᠭᠠᠵᠢᠨ ᠪᠣᠳᠣᠯ ᠪᠣᠯᠤᠩᠭᠠᠨ ᠴᠢᠷᠠᠢ ᠪᠠᠨ ᠪᠠᠷᠤᠢᠯᠭᠠᠨ ᠬᠤᠪᠢᠷᠠᠭᠠᠵᠤ᠂ ᠬᠦᠯᠦᠭ ᠢ᠋ ᠬᠠᠷᠠᠭᠠᠳ᠄  
       — ᠴᠢ ᠡᠨᠡ ᠪᠢᠴᠢᠭ ᠢ᠋ ᠤᠩᠰᠢᠵᠤ ᠦᠵᠡᠭᠰᠡᠨ ᠤᠤ? ᠭᠡᠮᠡᠨ ᠠᠰᠠᠭᠤᠯ᠎ᠠ᠃ 
       — ᠳᠡᠭᠡᠳᠦᠰ ᠮᠢᠨᠢ ᠥᠷᠥᠰᠢᠶᠡ! ᠪᠣᠭᠣᠯ ᠪᠢ ᠶᠠᠭᠤᠨ ᠲᠡᠭᠡᠵᠦ ᠳᠡᠭᠡᠳᠦᠰ ᠦ᠋ᠳ ᠦ᠋ᠨ ᠬᠡᠷᠡᠭ ᠢ᠋ ᠵᠠᠮ ᠳ᠋ᠤ᠌ ᠨᠢ ᠨᠡᠭᠡᠭᠡᠨ ᠵᠠᠳᠠᠯᠵᠤ ᠪᠠᠢᠬᠤ ᠪᠢᠯᠡ᠃ 
       — ᠠ᠂ ᠲᠡᠢᠮᠦ ᠤᠤ? ᠠᠷᠢᠬᠪᠥ᠋ᠬᠡ ᠨᠠᠮᠠᠶ᠋ᠢ ᠥᠪᠡᠷ ᠲᠦ᠍ ᠪᠡᠨ ᠪᠠᠷᠠᠯᠬ᠎ᠠ ᠭᠡᠵᠦ ᠳᠠᠭᠤᠳᠠᠭᠰᠠᠨ ᠪᠠᠢᠨ᠎ᠠ ᠰᠢᠦ᠃ ᠪᠠᠰᠠ ᠰᠥᠩ ᠤᠯᠤᠰ ᠢ᠋ ᠳᠠᠷᠤᠢ ᠨᠣᠮᠣᠬᠠᠳᠬ᠎ᠠ ᠭᠡᠵᠦ ᠲᠤᠰᠢᠶᠠᠭᠰᠠᠨ ᠪᠠᠢᠨ᠎ᠠ᠃ ᠴᠢ ᠡᠭᠦᠨ ᠢ᠋ ᠶᠠᠭᠤ ᠭᠡᠵᠦ ᠪᠣᠳᠣᠵᠤ ᠢᠷᠡᠪᠡ ᠠ᠋? 
       — ᠪᠣᠭᠣᠯ ᠨᠢ ᠤᠭ ᠬᠡᠷᠡᠭ ᠢ᠋ ᠮᠡᠳᠡᠬᠦ ᠦᠭᠡᠢ ᠪᠣᠯᠬᠣᠷ ᠡᠨᠡ ᠲᠤᠬᠠᠢ ᠪᠣᠳᠣᠭᠰᠠᠨ ᠵᠦᠢᠯ ᠦᠭᠡᠢ ᠪᠢᠯᠡ᠃ ᠥᠷᠥᠰᠢᠶᠡᠵᠦ ᠪᠣᠯᠭᠣᠭ᠎ᠠ ᠳᠡᠭᠡᠳᠦᠰ ᠮᠢᠨᠢ!
       — ᠠ᠂ ᠲᠡᠢᠮᠦ ᠤᠤ? ᠴᠢ ᠠᠷᠢᠬᠪᠦ᠋ᠬᠡ ᠶ᠋ᠢ 《ᠣᠷᠣ ᠰᠠᠭᠤᠬᠤ》 ᠶ᠋ᠢ ᠦᠵᠡᠪᠡ ᠤᠤ ? 
       — ᠦᠵᠡᠭᠰᠡᠨ᠂ ᠶᠡᠬᠡ ᠡᠵᠡᠨᠲᠡᠨ ᠮᠢᠨᠢ !  
       — ᠶᠠᠭᠠᠬᠢᠵᠤ ᠰᠢᠦ ᠪᠠᠢᠬᠤ ᠶᠤᠮ ᠪᠣᠢ !  ᠭᠡᠵᠦ ᠬᠤᠪᠢᠯᠠᠢ ᠶ᠋ᠢ ᠠᠰᠠᠭᠤᠬᠤ ᠳ᠋ᠤ᠌ ᠨᠢ ᠬᠦᠯᠦᠭ ᠬᠠᠷ᠎ᠠ ᠬᠣᠷᠣᠮ ᠳ᠋ᠤ᠌ ᠦᠵᠡᠭᠰᠡᠨ ᠬᠠᠷᠠᠭᠰᠠᠨ ᠪᠦᠬᠦᠨ ᠢ᠋ᠶ᠋ᠡᠨ ᠲᠣᠭᠠᠴᠢᠨ ᠠᠢᠯᠠᠳᠬᠠᠪᠠ᠃ ᠬᠤᠪᠢᠯᠠᠢ ᠬᠥᠯᠥᠰᠥ ᠪᠡᠨ ᠲᠠᠭᠠᠪᠤᠷᠢᠯᠠᠭᠤᠯᠤᠨ ᠲᠡᠭᠦᠨ ᠦ᠌ ᠦᠭᠡ ᠶ᠋ᠢ ᠴᠢᠩᠨᠠᠵᠤ ᠪᠠᠢᠯ᠎ᠠ᠃ ᠲᠠᠰᠤᠯᠭᠠᠨ ᠳ᠋ᠤ᠌ ᠢᠯᠠᠭ᠎ᠠ ᠨᠢᠰᠦᠭᠰᠡᠨ ᠴᠦ᠍ ᠳᠤᠭᠤᠯᠳᠠᠬᠤ ᠪᠠᠷ ᠴᠢᠮᠡᠭᠡ ᠦᠭᠡᠢ ᠠᠵᠢ᠃ ᠡᠨᠡ ᠬᠠᠭᠠᠨ ᠪᠠᠭ᠎ᠠ ᠲᠦᠰᠢᠮᠡᠯ ᠦ᠋ᠨ ᠦᠭᠡ ᠶ᠋ᠢ ᠰᠣᠨᠣᠰᠴᠤ ᠪᠠᠢᠭᠰᠠᠨ ᠢ᠋ᠶ᠋ᠠᠨ᠄ 
       — ᠴᠢ ᠠᠷᠢᠬᠪᠦ᠋ᠬᠡ ᠶ᠋ᠢ ᠬᠠᠭᠠᠨ ᠪᠣᠯᠵᠤ ᠣᠷᠬᠢᠯ᠎ᠠ ᠭᠡᠵᠦ ᠪᠣᠳᠣᠪᠠ ᠤᠤ?  ᠬᠥᠮᠦᠨ ᠣᠯᠠᠨ ᠶᠠᠮᠠᠷ ᠪᠣᠳᠣᠯ ᠲᠠᠢ ᠪᠠᠢᠭ᠎ᠠ ᠶᠠᠩᠵᠤᠲᠠᠢ ᠪᠣᠢ ?  ᠭᠡᠵᠦ ᠭᠡᠨᠡᠳᠲᠡ ᠠᠰᠠᠭᠤᠯ᠎ᠠ᠃  ᠬᠦᠯᠦᠭ ᠵᠢᠭᠠᠬᠠᠨ ᠪᠠᠯᠮᠠᠭᠳᠠᠨ᠂ ᠡᠨᠡ ᠠᠰᠠᠭᠤᠳᠠᠯ ᠳ᠋ᠤ᠌ ᠶᠠᠭᠤ ᠭᠡᠵᠦ ᠬᠠᠷᠢᠭᠤᠯᠬᠤ ᠪᠠᠨ ᠪᠣᠳᠣᠯ ᠦᠭᠡᠢ ᠪᠡᠷ 
       — ᠶᠡᠬᠡ ᠡᠵᠡᠨᠲᠡᠨ ᠲᠠᠨ ᠤ᠋ ᠳᠡᠭᠦᠦ ᠥᠨᠳᠥᠷ ᠰᠠᠭᠤᠳᠠᠯ ᠳ᠋ᠤ᠌ ᠣᠴᠢᠵᠤ ᠬᠥᠮᠦᠨ ᠢ᠋ᠶ᠋ᠡᠷ ᠲᠦᠰᠢᠭᠦᠯᠦᠨ ᠰᠠᠭᠤᠯᠭᠠᠭᠠᠳ᠂ ᠲᠡᠨᠳᠡ ᠬᠤᠷᠠᠭᠰᠠᠨ ᠭᠠᠳᠠᠭᠠᠳᠤ ᠳᠣᠲᠣᠭᠠᠳᠤ ᠶ᠋ᠢᠨ ᠣᠯᠠᠨ ᠵᠠᠭᠤᠨ ᠬᠥᠮᠦᠨ ᠪᠦᠭᠦᠳᠡ ᠬᠣᠶᠠᠷ ᠭᠠᠷ ᠢ᠋ᠶ᠋ᠠᠨ ᠳᠡᠯᠭᠡᠨ ᠳᠡᠭᠡᠳᠦᠯᠡᠵᠦ 《ᠶᠡᠬᠡ ᠬᠠᠭᠠᠨ》 ᠭᠡᠵᠦ ᠨᠢᠭᠡᠨ ᠳᠠᠭᠤ ᠪᠠᠷ ᠥᠭᠦᠯᠡᠨ ᠡᠷᠭᠦᠮᠵᠢᠯᠡᠭᠰᠡᠨ ᠪᠣᠯᠬᠣᠷ ᠪᠢ ᠬᠠᠭᠠᠨ ᠪᠣᠯᠵᠤ ᠪᠠᠢᠭ᠎ᠠ ᠨᠢ ᠡᠨᠡ ᠶᠦᠮ ᠪᠠᠢᠬᠤ ᠭᠡᠵᠦ ᠪᠣᠳᠣᠭᠰᠠᠨ᠃  ᠮᠠᠨ ᠤ᠋ ᠤᠯᠤᠰ ᠬᠣᠶᠠᠷ ᠬᠠᠭᠠᠨ ᠲᠠᠢ ᠪᠠᠢᠬᠤ ᠨᠢ ᠰᠢᠪ᠃ ᠳᠡᠭᠦᠦ ᠲᠠᠨᠢ ᠥᠪᠡᠷ ᠢ᠋ ᠪᠡᠨ ᠬᠠᠭᠠᠨ ᠭᠡᠳ ᠯᠡ ᠵᠠᠷᠯᠢᠭ ᠪᠠᠭᠤᠯᠭᠠᠨ᠂ ᠶᠡᠬᠡ ᠨᠠᠢᠷ ᠬᠤᠷᠢᠮ ᠬᠢᠭᠰᠡᠨ ᠳᠡ ᠭᠡᠵᠦ ᠬᠣᠭᠣᠯᠠᠢ ᠪᠠᠨ ᠵᠢᠭᠠᠬᠠᠨ ᠴᠡᠴᠡᠷᠡᠭᠦᠯᠦᠰᠬᠢᠭᠡᠳ ᠶᠠᠷᠢᠯ᠎ᠠ᠃ ᠬᠤᠪᠢᠯᠠᠢ ᠴᠢᠷᠠᠢ ᠪᠠᠨ ᠴᠢᠨᠦᠷᠡᠭᠦᠯᠦᠰᠬᠢᠭᠡᠳ ᠪᠠᠬᠠᠨ ᠳᠠᠭᠤ ᠦᠭᠡᠢ ᠰᠠᠭᠤᠭᠰᠠᠨ ᠢ᠋ᠶ᠋ᠠᠨ᠄ 
       — ᠴᠢ ᠶᠠᠪᠤ !  ᠪᠢ ᠴᠢᠮᠠᠶ᠋ᠢ ᠳᠠᠭᠤᠳᠠᠭᠤᠯᠵᠤ ᠮᠠᠭᠠᠳ ᠦᠭᠡᠢ᠃ ᠬᠣᠯᠠᠳᠠᠭᠠᠳ ᠪᠢᠲᠡᠭᠡᠢ ᠶᠠᠪᠤᠵᠤ ᠣᠷᠬᠢᠭᠠᠷᠠᠢ !  ᠭᠡᠵᠦ ᠲᠤᠰᠢᠶᠠᠩᠭᠤᠢ ᠪᠠᠷ ᠬᠦᠯᠦᠭ ᠲᠦ᠍ ᠬᠡᠯᠡᠯ᠎ᠡ᠃ ᠲᠦᠰᠢᠮᠡᠯ ᠪᠥᠬᠥᠢᠨ ᠶᠣᠰᠣ ᠬᠢᠵᠦ ᠣᠷᠳᠣᠨ ᠦᠷᠭᠦᠭᠡᠨ ᠡᠴᠡ ᠭᠠᠷᠬᠤ ᠳ᠋ᠤ᠌ ᠠᠨᠠᠢ ᠯᠠ ᠯᠣᠯᠣᠢ ᠠᠪᠠᠭᠠᠢ ᠭᠠᠳᠠᠭ᠎ᠠ ᠬᠦᠯᠢᠶᠡᠵᠦ ᠪᠠᠢᠭᠰᠠᠨ ᠢ᠋ᠶ᠋ᠠᠨ ᠵᠠᠬᠢᠷᠤᠭᠴᠢ ᠶ᠋ᠢᠨ ᠲᠠᠰᠤᠯᠭ᠎ᠠ ᠤᠷᠤᠭᠤ ᠵᠥᠷᠢᠭᠡᠳ ᠣᠷᠣᠵᠤ ᠶᠠᠪᠤᠴᠢᠬᠠᠯ᠎ᠠ᠃  
       ᠡᠨᠡ ᠡᠮ᠎ᠡ ᠵᠠᠬᠢᠷᠤᠭᠴᠢ ᠶ᠋ᠢᠨ ᠠᠮᠤᠭᠤᠯᠠᠩ ᠢ᠋ ᠡᠷᠢᠵᠦ᠂ ᠡᠨᠡ ᠲᠡᠷᠡᠬᠡᠨ ᠢ᠋ ᠶᠠᠷᠢᠬᠤ ᠳᠠᠯᠢᠮᠠᠨ ᠳ᠋ᠤ᠌ ᠪᠠᠨ ᠬᠦᠯᠦᠭ ᠶᠠᠭᠤᠨ ᠳ᠋ᠤ᠌ ᠲᠠᠨ ᠤ᠋ ᠣᠷᠳᠣᠨ ᠳ᠋ᠤ᠌ ᠡᠷᠭᠢᠯᠳᠦᠭᠡᠳ ᠪᠠᠢᠳᠠᠭ ᠪᠣᠯᠤᠭ᠎ᠠ ᠪᠣᠢ? ᠳᠡᠭᠦᠦ ᠨᠢ ᠭᠡᠵᠦ ᠨᠢᠭᠡ ᠲᠦᠰᠢᠮᠡᠯ ᠠᠳᠠ ᠪᠠᠢᠭᠰᠠᠨ ᠢ᠋ᠶ᠋ᠠᠨ ᠦᠵᠡᠭᠳᠡᠬᠦ ᠪᠡᠨ ᠪᠠᠢᠵᠤ ᠳᠠ᠃ ᠡᠳᠡ ᠨᠠᠷ ᠲᠡᠢᠮᠦ ᠴᠦ᠍ ᠶᠡᠬᠡ ᠰᠦᠷᠡᠬᠡᠢ ᠰᠠᠢᠬᠠᠨ ᠰᠡᠳᠬᠢᠯ ᠲᠡᠢ ᠠᠮᠢᠲᠠᠨ ᠪᠢᠰᠢ ᠪᠠᠢᠬᠤ ᠭᠡᠵᠦ ᠪᠣᠭᠣᠯ ᠰᠠᠨᠠᠳᠠᠭ ᠭᠡᠵᠦ ᠬᠡᠯᠡᠬᠦ ᠳ᠋ᠦ᠍ ᠪᠡᠨ ᠡᠵᠡᠨ ᠡᠴᠡ ᠪᠡᠨ ᠤᠯᠠᠮ ᠶᠡᠬᠡ ᠢᠲᠡᠭᠡᠯ ᠣᠯᠬᠤ ᠭᠡᠰᠡᠨ ᠰᠠᠨᠠᠭ᠎ᠠ ᠶ᠋ᠢ ᠡᠪᠦᠷᠯᠡᠵᠡᠢ᠃ 《ᠭᠦᠢᠳᠡᠩ ᠲᠠᠢᠷᠠᠩ》 ᠡᠢᠮᠦ ᠠᠷᠰᠠᠷ ᠵᠦᠢᠯ ᠢ᠋ᠶ᠋ᠡᠷ ᠪᠤᠰᠤᠳ ᠤ᠋ᠨ ᠬᠣᠭᠣᠷᠣᠨᠳᠣ ᠬᠣᠪ ᠬᠤᠳᠬᠤᠬᠤ ᠳᠤᠷᠠᠲᠠᠢ ᠪᠢᠯᠡ᠃ ᠬᠤᠪᠢᠯᠠᠢ ᠯᠣᠯᠣᠢ ᠶ᠋ᠢ ᠬᠠᠷᠠᠵᠤ ᠨᠢᠭᠡ ᠶ᠋ᠢ ᠰᠠᠨᠠᠪᠠ ᠪᠣᠯᠤᠯᠲᠠᠢ 《ᠨᠡᠭᠡᠷᠡᠨ ᠬᠦᠯᠦᠭ ᠦ᠋ᠨ ᠳᠡᠭᠦᠦ ᠪᠢᠯᠢᠭᠦᠨ ᠬᠠᠷ᠎ᠠ ᠬᠣᠷᠣᠮ ᠳ᠋ᠤ᠌ ᠵᠠᠷᠤᠭᠳᠠᠵᠤ ᠶᠠᠪᠤᠭᠠᠳ ᠨᠠᠭᠠᠰᠢ ᠪᠠᠨ ᠡᠷᠭᠢᠵᠦ ᠢᠷᠡᠬᠦ ᠪᠡᠨ ᠪᠠᠢᠭᠰᠠᠨ᠃ ᠡᠨᠡ ᠲᠦᠰᠢᠮᠡᠯ ᠠᠷᠢᠬᠪᠦ᠋ᠬᠡ ᠶ᠋ᠢ ᠶᠡᠬᠡ ᠬᠠᠭᠠᠨ ᠪᠣᠯᠤᠭᠰᠠᠨ ᠭᠡᠳᠡᠭ ᠢ᠋ ᠢᠲᠡᠭᠡᠭᠰᠡᠨ ᠪᠠᠢᠲᠠᠯᠲᠠᠢ ᠪᠠᠬᠠᠨ ᠵᠦᠢᠯ ᠰᠠᠶᠢ ᠨᠠᠳᠠᠳᠤ ᠶᠠᠷᠢᠪᠠ ᠠ᠋᠃  ᠲᠡᠷᠡ ᠨᠢ ᠲᠠᠩᠳᠠ ᠠᠷᠢᠭ ᠢ᠋ ᠮᠠᠭᠲᠠᠭᠰᠠᠨ ᠦᠭᠡ ᠪᠠᠢᠯ᠎ᠠ᠃ ᠡᠨᠡ ᠲᠦᠰᠢᠮᠡᠯ ᠨᠠᠮᠠᠶ᠋ᠢ ᠠᠵᠢᠨ ᠲᠤᠷᠰᠢᠬᠤ ᠪᠠᠷ ᠠᠷᠢᠬᠪᠦ᠋ᠬᠡ ᠡᠴᠡ ᠦᠭᠡ ᠰᠣᠨᠣᠰᠴᠤ᠂ ᠲᠡᠭᠦᠨ ᠦ᠌ ᠵᠠᠷᠯᠢᠭ ᠢ᠋ ᠬᠦᠯᠢᠶᠡᠵᠦ ᠢᠷᠡᠭᠰᠡᠨ ᠬᠡᠷᠡᠭ ᠪᠠᠢᠵᠤ ᠪᠣᠯᠬᠤ ᠨᠢ ᠠ᠋᠃  ᠶᠡᠷᠦ ᠨᠢ ᠨᠠᠮᠠᠶ᠋ᠢ ᠲᠣᠭᠣᠷᠢᠭᠠᠳ ᠬᠠᠷ᠎ᠠ ᠬᠣᠷᠣᠮ ᠤ᠋ᠨ ᠳᠠᠯᠳᠠ ᠶ᠋ᠢᠨ ᠲᠤᠷᠰᠢᠭᠤᠯ ᠤ᠋ᠳ ᠪᠥᠭᠡᠮᠨᠡᠷᠡᠵᠦ ᠪᠠᠢᠭ᠎ᠠ ᠬᠡᠷᠡᠭ ᠪᠢᠰᠢ ᠪᠢᠵᠡ ᠠ᠋》 ᠭᠡᠮᠡᠨ ᠪᠣᠳᠣᠭᠰᠠᠨ ᠳᠣᠣᠷ᠎ᠠ ᠪᠠᠨ ᠯᠣᠯᠣᠢ ᠶ᠋ᠢ ᠬᠠᠷᠠᠵᠤ ᠠᠯᠮᠠᠢᠷᠠᠭᠠᠳ᠄ 
       — ᠴᠢ ᠡᠨᠡ ᠠᠬ᠎ᠠ ᠳᠡᠭᠦᠦ ᠬᠦᠯᠦᠭ ᠨᠠᠷ ᠤ᠋ᠨ ᠲᠤᠬᠠᠢ ᠥᠭᠡᠷ᠎ᠡ ᠶᠠᠭᠤ ᠮᠡᠳᠡᠬᠦ ᠪᠣᠢ? ᠶᠠᠭᠠᠬᠢᠭᠠᠳ ᠲᠡᠳᠡ ᠴᠢᠮᠠᠲᠤ ᠵᠢᠪᠡᠭᠦᠨ ᠬᠠᠷᠠᠭᠳᠠᠳᠠᠭ ᠪᠣᠯᠵᠤ ᠣᠷᠬᠢᠪᠠ ᠤᠤ? ᠭᠡᠵᠦ ᠯᠠᠪᠯᠠᠨ ᠠᠰᠠᠭᠤᠯ᠎ᠠ᠃ ᠯᠣᠯᠣᠢ ᠤᠷᠲᠤ ᠭᠡᠵᠢᠭᠡ ᠪᠡᠨ ᠵᠠᠰᠠᠵᠤ᠂ ᠪᠣᠭᠳᠣᠭ ᠮᠠᠯᠠᠭᠠᠢ ᠪᠠᠨ ᠰᠡᠷᠡᠯᠵᠡᠭᠦᠯᠦᠨ ᠭᠣᠶᠣ ᠪᠠᠷ ᠠᠯᠬᠤᠵᠤ ᠬᠤᠪᠢᠯᠠᠢ ᠳ᠋ᠤ᠌ ᠣᠢᠷᠠᠲᠤᠭᠠᠳ᠄ 
       — ᠬᠥᠮᠦᠨ ᠦ᠌ ᠳᠠᠯᠳᠠ ᠰᠠᠨᠠᠭ᠎ᠠ ᠨᠢ ᠨᠢᠭᠤᠷ ᠤ᠋ᠨ ᠳᠡᠭᠡᠷ᠎ᠡ ᠪᠡᠨ ᠲᠣᠳᠣᠷᠠᠵᠤ ᠪᠠᠢᠳᠠᠭ ᠳᠠ᠃  ᠪᠢ ᠪᠣᠭᠣᠯ ᠬᠥᠮᠦᠨ ᠶᠠᠭᠠᠬᠢᠵᠤ ᠮᠡᠳᠡᠬᠦ ᠪᠣᠢ?  ᠲᠠᠨ ᠤ᠋ ᠡᠨᠡ ᠲᠦᠰᠢᠮᠡᠯ ᠠᠳᠠ ᠲᠡᠨᠳᠡ ᠦᠭᠡᠢ ᠯᠡ ᠶᠠᠩᠵᠤ ᠪᠦᠷᠢ ᠶ᠋ᠢᠨ ᠠᠮᠢᠲᠠᠨ ᠲᠠᠢ ᠰᠠᠪᠠᠴᠢᠭᠠᠳ ᠶᠠᠪᠤᠵᠤ ᠪᠠᠢᠳᠠᠭ᠃ ᠬᠠᠨᠢᠯᠠᠵᠤ ᠶᠠᠪᠤᠭ᠎ᠠ ᠬᠥᠮᠦᠰ ᠨᠢ ᠴᠦ᠍ ᠲᠡᠢᠮᠦ ᠰᠦᠷᠡᠬᠡᠢ ᠥᠩᠭᠡᠲᠡᠢ ᠠᠮᠢᠲᠠᠳ ᠪᠢᠰᠢ ᠪᠣᠯᠪᠠ ᠤᠤ ᠭᠡᠮᠡᠷ ᠠᠵᠢᠭᠯᠠᠭᠳᠠᠳᠠᠭ ᠶᠤᠮ᠃ ᠴᠠᠭᠠᠨ᠎ᠠ ᠪᠠᠨ ᠤᠴᠢᠷᠲᠠᠢ ᠪᠣᠯᠤᠭᠠᠳ ᠲᠡᠢᠮᠦ ᠰᠠᠪᠠᠭ᠎ᠠ ᠦᠭᠡᠢ ᠵᠠᠩ ᠭᠠᠷᠭᠠᠵᠤ ᠶᠠᠪᠤᠳᠠᠭ ᠪᠢᠵᠡ ᠭᠡᠵᠦ ᠬᠡᠯᠡᠯ᠎ᠡ᠃  
       ᠬᠤᠪᠢᠯᠠᠢ《ᠲᠡᠢᠮᠦ ᠠ᠃ ᠳᠡᠭᠦᠦ ᠨᠢ ᠬᠠᠷ᠎ᠠ ᠬᠣᠷᠣᠮ ᠳ᠋ᠤ᠌ ᠣᠴᠢᠭᠠᠳ ᠡᠷᠭᠢᠵᠦ ᠢᠷᠡᠬᠦ ᠪᠡᠨ ᠪᠠᠢᠭᠰᠠᠨ᠃ ᠡᠦᠲᠦ ᠡᠭᠦᠨ ᠦ᠌ ᠪᠠᠢᠵᠤ ᠪᠠᠢᠭ᠎ᠠ ᠴᠢᠷᠠᠢ ᠨᠢ ᠡᠨᠡ᠃ ᠬᠦᠯᠦᠭ ᠢ᠋ ᠮᠥᠰᠬᠢᠭᠡᠳ ᠦᠵᠡᠪᠡᠯ ᠠᠷᠢᠬᠪᠦ᠋ᠬᠡ ᠶ᠋ᠢᠨ ᠨᠠᠭᠠᠰᠢ ᠪᠠᠨ ᠬᠠᠨᠳᠤᠵᠤ ᠪᠠᠢᠭ᠎ᠠ ᠬᠡᠷᠡᠭ ᠦ᠋ᠨ ᠨᠠᠷᠢᠨ ᠤᠲᠠᠰᠤᠨ ᠤ᠋ ᠦᠵᠦᠭᠦᠷ ᠣᠯᠳᠠᠬᠤ ᠶᠤᠮ ᠪᠢᠰᠢ ᠪᠠᠢᠭ᠎ᠠ》 ᠭᠡᠵᠦ ᠪᠣᠳᠣᠭᠠᠳ᠂ ᠳᠠᠭᠠᠯᠠᠭᠰᠠᠨ ᠨᠢᠳᠦ ᠪᠡᠷ ᠯᠣᠯᠣᠢ ᠶ᠋ᠢ ᠬᠠᠷᠠᠵᠤ᠄ 
       — ᠴᠢ ᠨᠠᠳᠠᠳᠤ ᠲᠠᠩᠳᠠ ᠴᠢᠬᠢ ᠳᠤᠯᠠᠭᠠᠴᠠᠭᠤᠯᠬᠤ ᠦᠭᠡ ᠬᠡᠯᠡᠵᠦ ᠪᠠᠢᠬᠤ ᠬᠡᠦᠬᠡᠨ ᠶᠦᠮ ᠠ᠋ ᠭᠡᠪᠡ᠃ 
       ᠬᠤᠪᠢᠯᠠᠢ ᠯᠣᠯᠣᠢ ᠶ᠋ᠢ ᠭᠠᠷᠤᠭᠠᠳ ᠶᠠᠪᠤᠬᠤ ᠪᠠᠷ ᠠᠷᠢᠬᠪᠦ᠋ᠬᠡ ᠡᠴᠡ ᠢᠷᠡᠭᠦᠯᠦᠭᠰᠡᠨ ᠪᠢᠴᠢᠭ ᠢ᠋ ᠳᠠᠬᠢᠨ ᠦᠵᠡᠵᠦ ᠰᠠᠭᠤᠭᠠᠳ᠂ 《ᠪᠢ ᠬᠠᠷᠠᠵᠤ ᠮᠡᠳᠡᠭᠰᠡᠭᠡᠷ ᠪᠠᠢᠵᠤ ᠮᠥᠩᠬᠡ ᠠᠬ᠎ᠠ ᠶ᠋ᠢᠨ ᠣᠷᠣ ᠰᠠᠭᠤᠳᠠᠯ ᠢ᠋ ᠠᠯᠳᠠᠵᠤ ᠣᠷᠬᠢᠨ᠎ᠠ ᠭᠡᠵᠦ ᠪᠠᠢᠮᠠᠷ ᠦᠭᠡᠢ ᠪᠠᠢᠯᠲᠠᠢ᠃ ᠵᠥᠪᠯᠡᠬᠦ ᠲᠦᠰᠢᠮᠡᠳ ᠦ᠋ᠳ ᠮᠠᠨᠢ ᠡᠨᠡ ᠶᠡᠬᠡ ᠬᠡᠷᠡᠭ ᠦ᠋ᠨ ᠡᠭᠡᠳᠡᠷᠡᠭᠡ ᠶ᠋ᠢ ᠢᠯᠳᠦᠨ ᠦ᠌ ᠦᠵᠦᠭᠦᠷ ᠢ᠋ᠶ᠋ᠡᠷ ᠲᠠᠢᠯᠵᠤ ᠪᠠᠷᠠᠭᠳᠠᠭᠤᠯᠬᠤ ᠪᠢᠵᠡ》 ᠭᠡᠵᠦ ᠬᠡᠯᠡᠵᠦ ᠪᠠᠢᠭᠰᠠᠨ ᠳᠠ᠃  ᠪᠢ ᠠᠷᠢᠬᠪᠦ᠋ᠬᠡ ᠶ᠋ᠢ ᠬᠦᠴᠦ ᠪᠡᠷ ᠨᠣᠮᠣᠬᠠᠳᠬᠠᠨ᠂ ᠥᠪᠡᠷ ᠢ᠋ ᠪᠡᠨ ᠬᠡᠨ ᠪᠣᠯᠬᠤ ᠶ᠋ᠢ ᠲᠡᠭᠦᠨ ᠳ᠋ᠦ᠍ ᠦᠵᠡᠭᠦᠯᠵᠦ ᠪᠠᠢᠵᠤ ᠰᠠᠨᠠᠭ᠎ᠠ ᠪᠠᠨ ᠡᠴᠦᠰ ᠲᠦ᠍ ᠨᠢ ᠬᠦᠷᠭᠡᠵᠦ ᠳᠠᠭᠤᠰᠬᠠᠬᠤ ᠨᠢ ᠰᠢᠪ᠃ ᠲᠡᠭᠦᠨ ᠡᠴᠡ ᠪᠢ ᠰᠢᠨᠲᠠᠷᠠᠬᠤ ᠡᠷ᠎ᠡ ᠪᠢᠰᠢ ᠠ᠋ ᠭᠡᠮᠡᠨ ᠪᠣᠳᠣᠵᠤ᠂ ᠲᠣᠭᠰᠢᠭᠤᠷ ᠮᠣᠳᠣ ᠪᠠᠨ ᠴᠣᠬᠢᠨ ᠲᠤᠰᠠᠯᠠᠬᠤ ᠲᠦᠰᠢᠮᠡᠳ ᠢ᠋ᠶ᠋ᠡᠨ ᠲᠠᠭᠤᠲᠠᠯ᠎ᠠ᠃