ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠵᠣᠬᠢᠶᠠᠯᠴᠢ ᠶᠢᠨ ᠲᠠᠨᠢᠯᠴᠠᠭᠤᠯᠭ᠎ᠠ> Элсэнд булагдсан сувдаа – П.Оюунгэрэл <зохиолчийн танилцуулга> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠵᠣᠬᠢᠶᠠᠯᠴᠢ ᠶᠢᠨ ᠲᠠᠨᠢᠯᠴᠠᠭᠤᠯᠭ᠎ᠠ> Элсэнд булагдсан сувдаа – П.Оюунгэрэл <зохиолчийн танилцуулга>

ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠵᠣᠬᠢᠶᠠᠯᠴᠢ ᠶᠢᠨ ᠲᠠᠨᠢᠯᠴᠠᠭᠤᠯᠭ᠎ᠠ> Элсэнд булагдсан сувдаа – П.Оюунгэрэл <зохиолчийн танилцуулга>

ᠠᠩᠭᠢᠯᠠᠯ:ᠲᠤᠭᠤᠵᠢ ᠷᠣᠮᠠᠨ
2026-06-22

23

ᠵᠣᠬᠢᠶᠠᠯᠴᠢ ᠶᠢᠨ ᠲᠠᠨᠢᠯᠴᠠᠭᠤᠯᠭ᠎ᠠ


ᠫ᠂ ᠣᠶᠣᠨᠭᠡᠷᠡᠯ    1956ᠣᠨ ᠳ᠋ᠤ᠌ ᠰᠢᠯᠢ ᠶ᠋ᠢᠨ ᠭᠣᠣᠯ ᠠᠢᠮᠠᠭ ᠤ᠋ᠨ ᠠᠪᠠᠭ᠎ᠠ ᠬᠤᠰᠢᠭᠤᠨ ᠤ᠋ ᠴᠡᠩᠭᠡᠯᠪᠤᠯᠠᠭ ᠰᠤᠮᠤᠨ ᠤ᠋ ᠴᠡᠩᠭᠡᠯ ᠭᠠᠴᠠᠭᠠᠨ ᠤ᠋ ᠮᠠᠯᠴᠢᠨ ᠪᠣᠷᠵᠢᠭᠢᠨ ᠣᠪᠣᠭᠲᠤ ᠫᠣᠩᠰᠣᠭ ᠪᠣᠯᠤᠨ ᠬᠠᠯᠬ᠎ᠠ ᠤᠳᠤᠮᠲᠤ ᠳᠠᠷᠢᠰᠦ᠋ᠷᠦᠩ ᠦ᠋ᠨ ᠥᠬᠢᠨ ᠦᠷ᠎ᠡ ᠪᠣᠯᠤᠨ ᠵᠠᠶᠠᠭᠠᠵᠠᠢ᠃ 1976 ᠣᠨ ᠳ᠋ᠤ᠌ ᠰᠢᠯᠢ ᠶ᠋ᠢᠨ ᠭᠣᠣᠯ ᠠᠢᠮᠠᠭ ᠤ᠋ᠨ ᠪᠠᠭᠰᠢ ᠶ᠋ᠢᠨ ᠰᠤᠷᠭᠠᠭᠤᠯᠢ ᠠ᠋ᠴᠠ ᠲᠡᠭᠦᠰᠴᠦ᠂ ᠪᠠᠷᠠᠭᠤᠨ ᠦᠵᠦᠮᠦᠴᠢᠨ ᠬᠤᠰᠢᠭᠤᠨ ᠳ᠋ᠤ᠌ ᠠᠵᠢᠯ ᠤ᠋ᠨ ᠬᠤᠪᠢᠶᠠᠷᠢᠯᠠᠯ ᠠᠪᠴᠤ ᠨᠠᠰᠤᠨ ᠲᠤᠷᠰᠢᠲᠠ ᠪᠠᠭᠰᠢ ᠶ᠋ᠢᠨ ᠠᠵᠢᠯ ᠠᠯᠪᠠ ᠲᠠᠢ ᠶᠠᠪᠤᠵᠠᠢ᠃ ᠳᠥᠴᠢ ᠰᠢᠬᠠᠮ ᠵᠢᠯ ᠦ᠋ᠨ ᠲᠤᠷᠰᠢ ᠰᠣᠶᠣᠯ ᠰᠤᠷᠭᠠᠨ ᠬᠥᠮᠦᠵᠢᠯ ᠦ᠋ᠨ ᠦᠢᠯᠡᠰ ᠲᠦ᠍ ᠵᠢᠳᠬᠦᠭᠰᠡᠨ ᠰᠣᠶᠣᠯ ᠤ᠋ᠨ ᠵᠢᠳᠬᠦᠯᠲᠡᠨ᠂ ᠤᠷᠠᠨ ᠵᠣᠬᠢᠶᠠᠯᠴᠢ᠃ ᠨᠠᠶᠠᠭᠠᠳ ᠣᠨ ᠤ᠋ ᠰᠡᠭᠦᠯᠴᠢ ᠡᠴᠡ ᠡᠬᠢᠯᠡᠨ ᠤᠷᠠᠨ ᠵᠣᠬᠢᠶᠠᠯ ᠤ᠋ᠨ ᠵᠠᠮ ᠢ᠋ᠶ᠋ᠠᠨ ᠡᠬᠢᠯᠡᠭᠦᠯᠵᠦ᠂ ᠠᠩᠬᠠᠨ ᠤ᠋ ᠪᠦᠲᠦᠭᠡᠯ《ᠳᠠᠭᠤᠰᠤᠰᠢ ᠦᠭᠡᠢ ᠠᠮᠢᠳᠤᠷᠠᠯ》 ᠭᠡᠬᠦ ᠥᠭᠦᠯᠡᠯᠭᠡ ᠪᠡᠨ ᠦᠵᠦᠮᠦᠴᠢᠨ ᠰᠡᠳᠬᠦᠯ ᠳ᠋ᠦ᠍ ᠨᠡᠢᠲᠡᠯᠡᠭᠦᠯᠦᠭᠰᠡᠨ ᠡᠴᠡ ᠨᠠᠰᠢ ᠣᠷᠣᠨ ᠠᠢᠮᠠᠭ ᠤ᠋ᠨ ᠳᠡᠰ ᠦ᠋ᠨ ᠰᠡᠳᠬᠦᠯ ᠳ᠋ᠦ᠍ ᠵᠠᠭᠤ ᠭᠠᠷᠤᠢ ᠥᠭᠦᠯᠡᠯᠭᠡ᠂ ᠨᠠᠢᠷᠠᠭᠤᠯᠤᠯ᠂  ᠲᠤᠭᠤᠵᠢᠰ ᠤ᠋ᠨ ᠵᠣᠬᠢᠶᠠᠯ ᠢ᠋ᠶ᠋ᠠᠨ ᠨᠡᠢᠲᠡᠯᠡᠭᠦᠯᠵᠦ᠂《ᠠᠪᠤ ᠶ᠋ᠢᠨ ᠳᠦᠷᠢ ᠲᠡᠢ ᠡᠭᠦᠯᠡ》(ᠨᠠᠢᠷᠠᠭᠤᠯᠤᠯ)᠂《ᠬᠠᠷ᠎ᠠ ᠨᠢᠳᠦᠨ ᠬᠤᠷᠠᠭ᠎ᠠ ᠬᠢᠭᠡᠳ ᠰᠢᠷ᠎ᠠ ᠨᠢᠳᠦᠨ ᠥᠬᠢᠨ》᠂《ᠨᠠᠰᠤᠨ ᠳ᠋ᠠᠭᠠᠨ ᠪᠢᠴᠢᠭᠰᠡᠨ ᠵᠠᠬᠢᠳᠠᠯ》 ᠵᠡᠷᠭᠡ ᠪᠦᠲᠦᠭᠡᠯ ᠨᠢ《ᠬᠤᠨ ᠭᠠᠯᠠᠭᠤ》᠂《ᠵᠠᠯᠠᠭᠤᠴᠤᠳ》 ᠰᠡᠳᠬᠦᠯ᠂《ᠴᠣᠮᠣᠷᠯᠢᠭ》 ᠰᠡᠳᠬᠦᠯ ᠦ᠋ᠨ ᠤᠷᠤᠯᠳᠤᠭᠠᠨ ᠳ᠋ᠤ᠌ ᠬᠣᠶᠠᠳᠤᠭᠠᠷ᠂ ᠭᠤᠷᠪᠠᠳᠤᠭᠠᠷ ᠳᠡᠰ ᠦ᠋ᠨ ᠱᠠᠩᠨᠠᠯ ᠢ᠋ ᠬᠦᠷᠲᠡᠵᠡᠢ᠃2017 ᠣᠨ ᠤ᠋《 ᠥᠨᠢᠷ ᠴᠡᠴᠡᠭ》 ᠰᠡᠳᠬᠦᠯ ᠦ᠋ᠨ ᠰᠦᠯᠵᠢᠶᠡᠨ ᠦ᠌ ᠤᠷᠠᠨ ᠵᠣᠬᠢᠶᠠᠯ ᠤ᠋ᠨ ᠤᠷᠤᠯᠳᠤᠭᠠᠨ ᠳ᠋ᠤ᠌《ᠥᠨᠥᠴᠢᠨ ᠤᠨᠠᠭᠠᠨ ᠤ᠋ ᠦᠦᠷᠰᠡᠯ》(ᠨᠠᠢᠷᠠᠭᠤᠯᠤᠯ) ᠨᠢ ᠰᠢᠯᠢᠳᠡᠭ ᠱᠠᠩᠨᠠᠯ ᠬᠦᠷᠲᠡᠵᠡᠢ᠃2013 ᠣᠨ ᠠ᠋ᠴᠠ ᠠᠵᠢᠯ ᠤ᠋ᠨ ᠠᠮᠠᠷᠠᠯᠲᠠ ᠪᠠᠨ ᠠᠪᠤᠭᠰᠠᠨ ᠪᠣᠯᠪᠠᠴᠤ ᠤᠷᠠᠨ ᠵᠣᠬᠢᠶᠠᠯ ᠢ᠋ᠶ᠋ᠠᠨ ᠣᠷᠣᠯᠳᠣᠭᠰᠠᠭᠠᠷ ᠢᠷᠡᠵᠡᠢ᠃ ᠡᠳᠦᠭᠡ ᠰᠢᠯᠢ ᠶ᠋ᠢᠨ ᠭᠣᠣᠯ ᠠᠢᠮᠠᠭ ᠤ᠋ᠨ ᠵᠣᠬᠢᠶᠠᠯᠴᠢᠳ ᠤ᠋ᠨ ᠨᠡᠢᠭᠡᠮᠯᠢᠭ ᠦ᠋ᠨ ᠭᠡᠰᠢᠭᠦᠨ᠂ ᠪᠠᠷᠠᠭᠤᠨ ᠦᠵᠦᠮᠦᠴᠢᠨ ᠬᠤᠰᠢᠭᠤᠨ ᠤ᠋ ᠵᠣᠬᠢᠶᠠᠯᠴᠢᠳ ᠤ᠋ᠨ ᠨᠡᠢᠭᠡᠮᠯᠢᠭ ᠦ᠋ᠨ ᠭᠡᠰᠢᠭᠦᠨ ᠵᠡᠷᠭᠡ ᠨᠡᠢᠭᠡᠮ ᠦ᠋ᠨ ᠡᠭᠦᠷᠭᠡ ᠲᠤᠰᠢᠶᠠᠯ ᠲᠠᠢ᠃   

    ᠫᠣᠩᠰᠤᠭ ᠤ᠋ᠨ ᠣᠶᠤᠨᠭᠡᠷᠡᠯ ᠵᠣᠬᠢᠶᠠᠪᠠ       

                    ᠡᠯᠡᠰᠦᠨ ᠳᠦ ᠪᠤᠯᠠᠭᠳᠠᠭᠰᠠᠨ ᠰᠤᠪᠤᠳ    

                                 ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ   



                 ᠦᠰᠦᠭ ᠠᠮᠢᠯᠠᠭᠤᠯᠤᠭᠴᠢ᠄ ᠣᠶᠤᠨᠴᠢᠮᠡᠭ 
                 ᠬᠢᠨᠠᠭᠴᠢ᠄ ᠣᠳᠬᠠᠨᠰᠣ᠎ᠠ