ᠬᠣᠷᠯᠣ ᠡᠷᠭᠢᠭᠦᠯᠦᠭᠴᠢ ᠡᠵᠢ ᠮᠢᠨᠢХорол эргүүлэгч ээж минь
ᠠᠩᠭᠢᠯᠠᠯ:ᠰᠢᠯᠦᠭ ᠢᠷᠠᠭᠤ ᠨᠠᠢᠷᠠᠭШүлэг Яруу найраг 2024-06-03
337
ᠬᠣᠷᠯᠣ ᠡᠷᠭᠢᠭᠦᠯᠦᠭᠴᠢ ᠡᠵᠢ ᠮᠢᠨᠢ ᠬᠣᠯᠠ ᠣᠢᠷ᠎ᠠ ᠳ᠋ᠤ᠌ ᠪᠠᠢᠭ᠎ᠠ ᠬᠡᠦᠬᠡᠳ ᠦ᠋ᠳ ᠦ᠋ᠨ ᠢ᠋ᠶ᠋ᠡᠨ ᠲᠥᠯᠥᠭᠡ ᠭᠡᠵᠦ ᠬᠣᠭᠣᠯᠠ ᠢᠳᠡᠭᠡᠨ ᠦ᠌ ᠳᠡᠭᠡᠵᠢ ᠪᠡᠨ ᠪᠤᠷᠬᠠᠨ ᠳ᠋ᠤ᠌ ᠡᠷᠭᠦᠨ ᠵᠠᠯᠪᠠᠷᠢᠵᠤ ᠬᠣᠷᠸ᠎ᠠ ᠶ᠋ᠢᠨ ᠰᠠᠢᠨ ᠰᠠᠢᠬᠠᠨ ᠢ᠋ ᠳᠠᠭᠠᠳᠬᠠᠵᠤ ᠬᠣᠷᠯᠣ ᠡᠷᠭᠢᠭᠦᠯᠦᠨ ᠰᠢᠪᠰᠢᠵᠦ ᠪᠠᠢᠨ᠎ᠠ ᠬᠣᠨᠣᠭ ᠡᠳᠦᠷ ᠢ᠋ ᠲᠣᠭᠠᠯᠠᠨ᠂ ᠵᠤᠯᠠ ᠬᠦᠵᠢ ᠠᠰᠠᠭᠠᠨ ᠬᠣᠶᠠᠷ ᠠᠯᠠᠭ᠎ᠠ ᠪᠠᠨ ᠬᠠᠪᠰᠤᠷᠤᠨ ᠵᠤᠯᠠᠢ ᠪᠤᠭᠤᠷᠤᠯᠲᠤᠭᠤᠯᠤᠨ ᠵᠠᠯᠪᠠᠷᠢᠵᠤ ᠪᠠᠢᠨ᠎ᠠ ᠪᠤᠷᠬᠠᠨ ᠭ...