ᠰᠢᠪᠠᠭᠤᠨ ᠲᠠᠷᠢᠶ᠎ᠠШувуун тариа

ᠰᠢᠪᠠᠭᠤᠨ ᠲᠠᠷᠢᠶ᠎ᠠ
ᠦᠶᠡᠲᠦ ᠤᠷᠭᠤᠮᠠᠯ ᠤ᠋ᠨ ᠢᠵᠠᠭᠤᠷ
ᠨᠢᠭᠡ ᠨᠠᠰᠤᠲᠤ ᠡᠪᠡᠰᠦᠯᠢᠭ ᠤᠷᠭᠤᠮᠠᠯ᠂ ᠨᠡᠯᠢᠶᠡᠳ ᠪᠦᠳᠦᠭᠦᠨ ᠮᠥᠷᠲᠡᠭᠡᠨ ᠪᠥᠬᠡ ᠰᠠᠬᠠᠯ ᠲᠠᠢ᠃ ᠰᠦᠷᠡᠯ ᠨᠢ60—120cm ᠥᠨᠳᠥᠷ ᠰᠢᠯᠤᠭᠤᠨ ᠤᠷᠭᠤᠨ᠎ᠠ᠂ ᠭᠢᠯᠦᠭᠡᠷ᠂ ᠶᠡᠷᠦ ᠳ᠋ᠡᠭᠡᠨ ᠰᠠᠯᠠᠭᠠᠯᠠᠨ᠎ᠠ᠂5—10mm ᠪᠦᠳᠦᠭᠦᠨ᠃ ᠨᠠᠪᠴᠢᠨ ᠤ᠋ ᠲᠣᠭᠳᠣᠢ ᠨᠢ ᠭᠢᠯᠦᠭᠡᠷ; ᠨᠠᠪᠴᠢᠨ ᠤ᠋ ᠬᠡᠯᠡ ᠨᠢ ᠣᠬᠣᠷ᠂ ᠨᠢᠭ ᠤᠷᠭᠤᠭᠰᠠᠨ1—2mm ᠤᠷᠲᠤ ᠴᠡᠯᠮᠡᠨ ᠦᠰᠦ ᠲᠡᠢ; ᠨᠠᠪᠴᠢ ᠨᠢ ᠲᠡᠭᠰᠢᠬᠡᠨ ᠬᠠᠪᠲᠠᠭᠠᠢ ᠪᠤᠶᠤ ᠬᠤᠮᠢᠷᠠᠭᠰᠠᠨ ᠮᠡᠲᠦ ᠨᠤᠭᠤᠷᠠᠨ᠎ᠠ᠃30—60cm ᠤᠷᠲᠤ᠂3—5mm ᠥᠷᠭᠡᠨ᠂ ᠠᠷᠤ ᠨᠢ ᠭᠢᠯᠦᠭᠡᠷ᠂ ᠳᠡᠭᠡᠳᠦ ᠲᠠᠯ᠎ᠠ ᠨᠢ ᠰᠢᠷᠦᠭᠦᠨ ᠪᠤᠶᠤ ᠦᠰᠦ ᠲᠡᠢ᠃ ᠲᠦᠷᠦᠭᠦᠦ ᠬᠡᠯᠪᠡᠷᠢᠲᠦ ᠪᠠᠭ ᠴᠡᠴᠡᠭ ᠨᠢ2—9᠂ ᠡᠰᠢᠨ ᠦ᠌ ᠣᠷᠣᠢ ᠳ᠋ᠤ᠌ ᠬᠤᠷᠤᠭᠤ ᠮᠡᠲᠦ ᠰᠡᠷᠪᠡᠢᠨ ᠪᠠᠢᠷᠢᠯᠠᠨ᠎ᠠ᠂ ᠪᠦᠳᠦᠭᠦᠨ᠂4—9cm ᠪᠣᠯᠪᠠᠰᠤᠷᠠᠪᠠᠯ ᠳᠣᠲᠣᠭᠰᠢ ᠮᠤᠷᠤᠢᠵᠤ ᠲᠠᠬᠢᠶᠠᠨ ᠤ᠋ ᠰᠠᠪᠠᠷ ᠰᠢᠭ᠋ ᠪᠣᠯᠳᠠᠭ; ᠵᠢᠵᠢᠭ ᠲᠦᠷᠦᠭᠦᠦ ᠨᠢ7—9mm ᠤᠷᠲᠤ᠂5—6 ᠴᠡᠴᠡᠭ ᠲᠡᠢ; ᠬᠠᠯᠢᠰᠤ ᠨᠢ ᠭᠦᠷᠡᠢᠭᠰᠡᠨ ᠨᠢᠷᠤᠭᠤ ᠲᠠᠢ ᠪᠥᠭᠡᠳ ᠨᠢᠷᠤᠭᠤᠨ ᠳᠡᠭᠡᠷᠡᠬᠢ ᠳᠠᠯᠠᠪᠴᠢ ᠨᠢ ᠰᠢᠷᠦᠭᠦᠨ; ᠨᠢᠭᠡᠳᠦᠭᠡᠷ ᠬᠠᠯᠢᠰᠤ ᠨᠢ ᠭᠤᠷᠪᠠᠨmm ᠤᠷᠲᠤ᠂ ᠬᠣᠶᠠᠳᠤᠭᠠᠷ ᠬᠠᠯᠢᠰᠤ ᠨᠢ4mm ᠬᠢᠷᠢ ᠤᠷᠲᠤ; ᠭᠠᠳᠠᠷ ᠬᠡᠪᠡᠭ ᠨᠢ ᠪᠠᠰᠠ ᠢᠪᠴᠤᠬᠠᠨ ᠳᠠᠯᠠᠪᠴᠢ ᠪᠦᠬᠦᠢ ᠨᠢᠷᠤᠭᠤ ᠲᠠᠢ᠂ ᠨᠢᠭᠡᠳᠦᠭᠡᠷ ᠭᠠᠳᠠᠷ ᠬᠡᠪᠡᠭ ᠨᠢ4mm ᠤᠷᠲᠤ᠂ ᠳᠣᠲᠣᠷ ᠬᠡᠪᠡᠭ ᠨᠢ ᠭᠠᠳᠠᠷ ᠬᠡᠪᠡᠭ ᠡᠴᠡ ᠨᠢ ᠣᠬᠣᠷ; ᠵᠢᠵᠢᠭ ᠲᠦᠷᠦᠭᠦᠦ ᠨᠢ ᠬᠠᠯᠢᠰᠤ ᠶ᠋ᠢᠨ ᠳᠡᠭᠡᠳᠦ ᠬᠡᠰᠡᠭ ᠢ᠋ᠶ᠋ᠡᠷ ᠤᠨᠠᠨ᠎ᠠ᠃ ᠡᠷ᠎ᠡ ᠲᠣᠭᠣᠷᠴᠣᠭ ᠨᠢ ᠭᠤᠷᠪᠠ᠂1mm ᠤᠷᠲᠤ ᠲᠣᠭᠣᠰᠣᠪᠴᠢ ᠲᠠᠢ᠃ ᠦᠷ᠎ᠡ ᠨᠢ ᠪᠥᠮᠪᠦᠭᠡᠨ ᠬᠡᠯᠪᠡᠷᠢ ᠲᠡᠢ᠂1.5mm ᠣᠷᠴᠢᠮ ᠤᠷᠲᠤ᠂ ᠬᠠᠷᠠᠪᠲᠤᠷ ᠬᠦᠷᠡᠩ᠂ ᠭᠠᠳᠠᠷᠭᠤ ᠳ᠋ᠤ᠌ ᠨᠢ ᠢᠯᠡ ᠪᠤᠰᠤ ᠠᠲᠤᠷᠢᠶ᠎ᠠ ᠲᠠᠢ᠃
ᠮᠠᠨ ᠤ᠋ ᠤᠯᠤᠰ ᠤ᠋ᠨ ᠬᠥᠬᠡᠮᠥᠷᠡᠨ ᠡᠴᠡ ᠡᠮᠦᠨᠡᠳᠤᠬᠢ ᠡᠯ᠎ᠡ ᠮᠣᠵᠢ ᠣᠷᠣᠨ ᠳ᠋ᠤ᠌ ᠣᠯᠠᠨ ᠲᠠᠷᠢᠵᠤ ᠪᠣᠢ᠃
ᠦᠷ᠎ᠡ ᠶ᠋ᠢ ᠨᠢ ᠢᠳᠡᠨ᠎ᠡ᠂ ᠠᠷᠢᠬᠢ ᠨᠡᠷᠡᠨ᠎ᠡ᠂ ᠰᠢᠬᠢᠷ ᠬᠢᠵᠦ ᠪᠣᠯᠤᠨ᠎ᠠ᠃ ᠡᠰᠢ᠂ ᠨᠠᠪᠴᠢ ᠪᠠᠷ ᠢ᠋ᠶ᠋ᠠᠨ ᠪᠣᠷᠣᠭᠠᠨ ᠤ᠋ ᠨᠥᠮᠥᠷᠭᠡ ᠂ ᠡᠪᠡᠰᠦᠨ ᠱᠠᠬᠠᠢ᠂ ᠰᠠᠭᠰᠤ᠂ ᠡᠪᠡᠰᠦᠨ ᠮᠠᠯᠠᠭᠠᠢ ᠵᠡᠷᠭᠡ ᠶ᠋ᠢ ᠪᠦᠷ ᠬᠦᠷᠦᠵᠦ ᠪᠣᠯᠤᠨ᠎ᠠ᠃
ᠬᠢᠲᠠᠳ ᠨᠡᠷ᠎ᠡ᠄䅟子
ᠠᠩᠭ᠌ᠯᠢ ᠨᠡᠷ᠎ᠡ᠄ELeusine coracana(L) Gaertn
ᠦᠰᠦᠭ ᠠᠮᠢᠯᠠᠭᠤᠯᠠᠤᠭᠴᠢ᠄ ᠲᠤᠶᠠᠭ᠎ᠠ
ᠬᠢᠨᠠᠭᠴᠢ᠄ ᠫᠣ· ᠴᠠᠭᠠᠨ
