ᠠᠳᠤᠭᠤᠨ ᠤ᠋ ᠮᠠᠨᠠᠭᠠᠨ ᠳ᠋ᠤ᠌- ᠳ· ᠨᠠᠴᠤᠭᠳᠣᠷᠵᠢАдууны манаанд-Д.Нацагдорж ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠳᠤᠭᠤᠨ ᠤ᠋ ᠮᠠᠨᠠᠭᠠᠨ ᠳ᠋ᠤ᠌- ᠳ· ᠨᠠᠴᠤᠭᠳᠣᠷᠵᠢАдууны манаанд-Д.Нацагдорж

ᠠᠳᠤᠭᠤᠨ ᠤ᠋ ᠮᠠᠨᠠᠭᠠᠨ ᠳ᠋ᠤ᠌- ᠳ· ᠨᠠᠴᠤᠭᠳᠣᠷᠵᠢАдууны манаанд-Д.Нацагдорж

2024-06-17

353

          ᠳ· ᠨᠠᠴᠤᠭᠳᠣᠷᠵᠢ 

    ᠦᠷ ᠦ᠋ᠨ ᠴᠠᠭᠠᠨ ᠭᠡᠭᠡ ᠲᠣᠰᠤᠮᠠᠭᠴᠠ᠂ ᠬᠥᠬᠥᠭᠡ ᠰᠢᠪᠠᠭᠤ ᠤᠷᠢᠬᠠᠨ ᠢ᠋ᠶ᠋ᠠᠷ ᠳᠣᠩᠭᠣᠳᠬᠤ ᠳ᠋ᠤ᠌᠂ ᠠᠭᠤᠯᠠ ᠶ᠋ᠢᠨ ᠴᠤᠤᠷᠢᠶ᠎ᠠ ᠪᠠ ᠰᠠᠯᠬᠢᠨ ᠤ᠋ ᠠᠶ᠎ᠠ ᠲᠠᠢ ᠬᠣᠣᠰᠯᠠᠨ ᠥᠷᠭᠡᠨ ᠲᠠᠯ᠎ᠠ ᠳ᠋ᠤ᠌ ᠳᠡᠯᠭᠡᠷᠡᠩᠭᠦᠢ ᠬᠠᠩᠭᠢᠨᠠᠵᠤ ᠢᠷᠠᠭᠤᠬᠠᠨ ᠢ᠋ᠶ᠋ᠠᠷ ᠳᠠᠭᠤᠷᠢᠰᠤᠮᠠᠭᠴᠠ᠂ ᠠᠳᠤᠭᠤ ᠪᠠᠨ ᠮᠠᠨᠠᠵᠤ ᠪᠠᠢᠭᠰᠠᠨ ᠵᠠᠯᠠᠭᠤ ᠬᠦᠦ ᠴᠣᠭᠲᠤ ᠭᠱᠠᠨ ᠵᠠᠭᠤᠷ᠎ᠠ ᠳᠤᠭᠬᠢᠭᠰᠠᠨ ᠨᠣᠢᠷ ᠠ᠋ᠴᠠ ᠪᠠᠨ ᠰᠡᠷᠢᠨ ᠪᠣᠰᠴᠤ᠂ ᠲᠠᠪᠠᠲᠠᠢᠬᠠᠨ ᠢ᠋ᠶ᠋ᠠᠷ ᠡᠪᠰᠢᠶᠡᠨ ᠰᠤᠨᠢᠶᠠᠭᠠᠳ᠂ ᠭᠠᠷ ᠤ᠋ᠨ ᠢ᠋ᠶ᠋ᠠᠨ ᠠᠷᠤ ᠪᠠᠷ ᠨᠢᠳᠦ ᠪᠡᠨ ᠠᠷᠴᠢᠨ᠂ ᠲᠦᠷᠪᠢᠨ ᠵᠦᠭ ᠲᠦ᠍ ᠬᠠᠷᠠᠪᠠᠯ᠂ ᠡᠨᠡ ᠦᠶ᠎ᠡ ᠳ᠋ᠦ᠍ ᠰᠠᠢᠬᠠᠨ ᠵᠤᠨ ᠤ᠋ ᠲᠡᠷᠢᠭᠦᠨ ᠰᠠᠷᠠᠢᠨ ᠰᠢᠨᠡᠳ ᠲᠤᠯᠠ ᠳᠡᠯᠡᠬᠡᠢ ᠶ᠋ᠢᠨ ᠪᠣᠳᠠᠰ ᠪᠠ ᠴᠠᠭ ᠤᠯᠠᠷᠢᠯ ᠦᠨᠡᠬᠡᠷ ᠲᠠᠭᠠᠯᠠᠮᠵᠢᠲᠠᠢ᠃ ᠬᠥᠬᠡ ᠲᠩᠷᠢ ᠲᠤᠩᠭᠠᠯᠠᠭ ᠢ᠋ᠶ᠋ᠠᠷ ᠴᠡᠯᠮᠡᠭᠡᠳ᠂ ᠬᠥᠪᠥᠩ ᠡᠭᠦᠯᠡ ᠬᠡᠰᠡᠭ ᠬᠡᠰᠡᠭ ᠢ᠋ᠶ᠋ᠡᠷ ᠲᠤᠨᠤᠨ᠎ᠠ᠃ ᠳᠡᠷᠭᠡᠳᠡᠬᠢ ᠴᠡᠴᠡᠭ ᠡᠪᠡᠰᠦᠨ ᠳ᠋ᠦ᠍ ᠨᠢᠮᠭᠡᠨ ᠴᠠᠭᠠᠨ ᠰᠢᠭᠦᠳᠡᠷᠢ ᠭᠢᠯᠲᠦᠭᠡᠨᠡᠭᠡᠳ ᠲᠡᠷᠲᠡᠭᠡ ᠶ᠋ᠢᠨ ᠣᠢ ᠮᠣᠳᠣᠨ ᠳ᠋ᠤ᠌ ᠨᠣᠭᠣᠭᠠᠨ ᠤ᠋ ᠤᠨᠢᠶᠠᠷ ᠵᠠᠯᠭᠠᠯᠳᠤᠨ᠎ᠠ᠃ ᠤᠷᠢᠬᠠᠨ ᠰᠠᠯᠬᠢ ᠵᠥᠭᠡᠯᠡᠨ ᠢ᠋ᠶ᠋ᠡᠷ ᠨᠠᠢᠭᠤᠭᠠᠳ᠂ ᠠᠷᠢᠭᠤᠨ ᠠᠭᠠᠷ ᠴᠡᠭᠡᠵᠢ ᠳᠦᠭᠦᠷᠡᠩ ᠠᠮᠢᠰᠬᠤᠯᠯᠠᠨ᠎ᠠ᠃ ᠤᠳᠠᠯ ᠦᠭᠡᠢ ᠲᠥᠭᠥᠷᠢᠭ ᠲᠣᠮᠣ ᠨᠠᠷᠠ ᠮᠠᠨᠳᠤᠨ ᠭᠠᠷᠴᠤ ᠢᠷᠡᠬᠦ ᠳ᠋ᠦ᠍ ᠤᠷᠢᠳᠠ ᠪᠠᠷ ᠪᠠᠷᠠᠭᠤᠨ ᠪᠠ ᠬᠣᠢᠲᠤ ᠠᠭᠤᠯᠠᠰ ᠤ᠋ᠨ ᠣᠷᠣᠢ ᠪᠠ ᠡᠩᠭᠡᠷ ᠢ᠋ᠶ᠋ᠡᠷ ᠭᠡᠷᠡᠯ ᠲᠣᠰᠤᠭᠠᠳ᠂ ᠳᠠᠷᠠᠭ᠎ᠠ ᠪᠠᠷ ᠡᠮᠦᠨᠡᠬᠢ ᠶᠡᠬᠡ ᠲᠠᠯ᠎ᠠ ᠳ᠋ᠤ᠌ ᠲᠤᠶᠠᠭ᠎ᠠ ᠨᠡᠢᠲᠡᠯᠡᠨ ᠰᠢᠷᠠᠯᠠᠪᠠ᠃
      ᠴᠣᠭᠲᠤ ᠬᠦᠦ ᠨᠢᠭᠡ ᠵᠡᠷᠭᠡ ᠪᠠᠬᠠᠳᠤᠨ᠂ ᠶᠡᠬᠡᠯ᠎ᠡ ᠪᠠᠶᠠᠰᠬᠤᠯᠠᠩ ᠲᠠᠢ ᠪᠠᠢᠳᠠᠯ ᠢ᠋ᠶ᠋ᠠᠷ ᠭᠢᠯᠪᠡᠯᠵᠡᠨ᠂ ᠤᠷᠭ᠎ᠠ ᠪᠠᠨ ᠲᠤᠯᠵᠤ ᠮᠣᠷᠳᠠᠨ᠂ ᠠᠳᠤᠭᠤᠨ ᠤ᠋ ᠪᠠᠨ ᠳᠡᠷᠭᠡᠳᠡ ᠬᠦᠷᠪᠡᠯ᠂ ᠣᠯᠠᠨ ᠠᠳᠤᠭᠤ ᠨᠢᠭᠡᠨᠲᠡ ᠬᠠᠨᠤᠭᠠᠳ᠂ ᠰᠢᠯᠭᠡᠭᠡᠬᠦ ᠨᠢ ᠰᠢᠯᠭᠡᠭᠡᠵᠦ᠂ ᠬᠥᠷᠪᠥᠬᠦ ᠨᠢ ᠬᠥᠷᠪᠥᠵᠦ᠂ ᠰᠢᠷᠪᠠᠬᠤ ᠨᠢ ᠰᠢᠷᠪᠠᠵᠤ᠂ ᠵᠠᠷᠢᠮ ᠨᠢ ᠡᠪᠰᠢᠶᠡᠨ᠂ ᠵᠠᠷᠢᠮ ᠨᠢ ᠢᠨᠴᠠᠭᠠᠨ᠂ ᠵᠠᠷᠢᠮ ᠨᠢ ᠭᠣᠳᠣᠭᠣᠨᠠᠨ᠂ ᠡᠨᠳᠡ ᠲᠡᠨᠳᠡ ᠬᠡᠪᠲᠡᠵᠦ᠂ ᠬᠣᠯᠠ ᠣᠢᠷ᠎ᠠ ᠵᠣᠭᠰᠣᠵᠤ᠂ ᠨᠡᠰᠢ ᠴᠠᠰᠢ ᠶᠠᠪᠤᠵᠤ ᠪᠠᠢᠨ᠎ᠠ᠃ ᠡᠨᠲᠡᠢ ᠲᠡᠨᠲᠡᠢ ᠬᠠᠵᠠᠭᠤ ᠪᠠᠷ ᠨᠢ ᠡᠷᠭᠢᠯᠳᠦᠨ ᠱᠣᠭᠰᠢᠵᠤ᠂ ᠬᠡᠳᠦᠨᠲᠡ ᠬᠠᠰᠬᠢᠷᠤᠮᠠᠭᠴᠠ ᠠᠳᠤᠭᠤ ᠨᠢ ᠪᠦᠭᠦᠳᠡᠭᠡᠷ ᠢ᠋ᠶ᠋ᠡᠨ ᠬᠥᠳᠡᠯᠦᠨ ᠬᠤᠷᠠᠪᠠ᠃      
      ᠲᠡᠭᠦᠨ ᠡᠴᠡ ᠴᠣᠭᠲᠤ ᠬᠦᠦ ᠣᠯᠠᠨ ᠤ᠋ ᠳᠣᠲᠣᠷ᠎ᠠ ᠠ᠋ᠴᠠ ᠨᠢᠭᠡ ᠰᠣᠩᠭᠣᠳᠠᠭ ᠮᠣᠷᠢ ᠪᠠᠨ ᠤᠷᠭᠠᠯᠠᠨ ᠪᠠᠷᠢᠵᠤ᠂ ᠮᠠᠨᠠᠭᠠᠨ ᠤ᠋ ᠮᠣᠷᠢ ᠪᠠᠨ ᠶᠡᠭᠦᠯᠡᠭᠡᠳ᠂ ᠠᠳᠤᠭᠤ ᠪᠠᠨ ᠲᠠᠭᠤᠭᠰᠠᠭᠠᠷ ᠨᠢᠭᠡ ᠪᠦᠷᠢᠳᠦ ᠶ᠋ᠢᠨ ᠳᠡᠷᠭᠡᠳᠡ ᠣᠴᠢᠪᠠ᠃ ᠠᠳᠤᠭᠤ ᠪᠠᠨ ᠤᠰᠤᠨ ᠳ᠋ᠤ᠌ ᠣᠷᠣᠭᠤᠯᠤᠭᠠᠳ ᠤᠨᠤᠭᠰᠠᠨ ᠮᠣᠷᠢ ᠪᠠᠨ ᠤᠰᠤᠯᠠᠬᠤ ᠶ᠋ᠢᠨ ᠬᠠᠮᠲᠤ ᠬᠥᠪᠡᠭᠡᠨ ᠳ᠋ᠦ᠍ ᠨᠢ ᠶᠠᠪᠠᠭᠠᠨ ᠰᠠᠭᠤᠵᠤ᠂ ᠬᠦᠢᠲᠡᠨ ᠤᠰᠤ ᠪᠠᠷ ᠨᠢᠭᠤᠷ ᠭᠠᠷ ᠢ᠋ᠶ᠋ᠠᠨ ᠤᠬᠢᠶᠠᠭᠠᠳ ᠠᠷᠴᠢᠯ ᠦᠭᠡᠢ ᠰᠠᠯᠬᠢᠨ ᠳ᠋ᠤ᠌ ᠬᠠᠲᠠᠭᠠᠨ ᠮᠣᠷᠳᠠᠵᠤ ᠠᠳᠤᠭᠤ ᠪᠠᠨ ᠪᠦᠷᠢᠳᠦ ᠶ᠋ᠢᠨ ᠬᠥᠪᠡᠭᠡ᠂ ᠵᠦᠯᠭᠡ ᠳᠡᠭᠡᠭᠦᠷ ᠠᠶᠠᠲᠠᠢᠬᠠᠨ ᠪᠡᠯᠴᠢᠭᠡᠭᠡᠳ ᠲᠡᠨᠳᠡ ᠡᠴᠡ《 ᠠᠯᠢᠶ᠎ᠠ ᠰᠠᠷᠠᠯ ᠢ᠋》 ᠤᠶᠠᠩᠭᠠᠯᠠᠨ ᠳᠠᠭᠤᠯᠠᠵᠤ ᠬᠠᠲᠠᠷᠢᠭᠤᠯᠤᠭᠰᠠᠭᠠᠷ ᠭᠡᠷ ᠦ᠋ᠨ ᠢ᠋ᠶ᠋ᠡᠨ ᠳᠡᠷᠭᠡᠳᠡ ᠬᠦᠷᠴᠦ ᠣᠴᠢᠪᠠ᠃
      ᠠᠢᠯ ᠤ᠋ᠨ ᠬᠥᠮᠦᠨ ᠰᠠᠶᠢ ᠪᠣᠰᠴᠤ᠂ ᠭᠡᠷ ᠪᠦᠷᠢ ᠭᠠᠯᠯᠠᠨ ᠤᠲᠤᠭ᠎ᠠ ᠣᠷᠭᠢᠯᠵᠤ ᠪᠠᠢᠨ᠎ᠠ᠃ ᠲᠡᠭᠦᠨ ᠦ᠌ ᠡᠴᠢᠭᠡ ᠳᠡᠯᠭᠡᠷ ᠡᠪᠦᠭᠡᠨ ᠡᠷᠲᠡᠯᠡᠨ ᠪᠣᠰᠤᠭᠠᠳ ᠬᠠᠶᠠᠭ᠎ᠠ ᠪᠠᠷ ᠢ᠋ᠶ᠋ᠠᠨ ᠨᠢᠷᠤᠭᠤ ᠪᠠᠨ ᠡᠭᠦᠷᠦᠨ ᠠᠯᠬᠤᠯᠠᠵᠤ ᠶᠠᠪᠤᠬᠤ ᠪᠥᠭᠡᠳ ᠲᠤᠩ ᠪᠤᠭᠤᠷᠤᠯ ᠪᠣᠯᠤᠭᠰᠠᠨ ᠦᠰᠦ ᠨᠢ ᠬᠠᠶᠠᠭ᠎ᠠ ᠪᠠᠷ ᠤᠨᠠᠭᠰᠠᠨ ᠰᠢᠭᠦᠳᠡᠷᠢ ᠲᠡᠢ ᠬᠣᠣᠰᠯᠠᠨ ᠵᠡᠷᠭᠡᠯᠡᠨ᠎ᠡ᠃
      ᠴᠣᠭᠲᠤ ᠬᠦᠦ ᠤᠶᠠᠭᠠᠨ ᠳᠡᠭᠡᠷ᠎ᠡ ᠣᠴᠢᠵᠤ᠂ ᠮᠣᠷᠢᠨ ᠠ᠋ᠴᠠ ᠪᠠᠨ ᠪᠠᠭᠤᠭᠠᠳ᠂ ᠡᠴᠢᠭᠡ ᠶ᠋ᠢᠨ ᠣᠢᠷ᠎ᠠ ᠬᠦᠷᠦᠮᠡᠭᠴᠡ᠂ ᠡᠴᠢᠭᠡ᠄
      — ᠵᠠ ᠬᠦᠦ ᠠᠳᠤᠭᠤ ᠪᠠᠨ ᠰᠠᠢᠨ ᠮᠠᠨᠠᠪᠠᠤ? ᠬᠦᠦ᠄
      — ᠰᠠᠢᠨ ᠮᠠᠨᠠᠪᠠ᠃ ᠲᠠ ᠡᠨᠡ ᠥᠷᠯᠥᠭᠡ ᠶᠠᠭᠤᠨ ᠳ᠋ᠤ᠌ ᠡᠢᠮᠦ ᠡᠷᠲᠡ ᠪᠣᠰᠪᠠ? ᠡᠴᠢᠭᠡ᠄
      —ᠠᠪᠠ ᠶ᠋ᠢᠨ ᠮᠡᠳᠡᠭᠡ ᠢᠷᠡᠭᠡᠳ᠂ ᠪᠢ ᠴᠢᠨᠢ ᠴᠢᠮᠠᠶ᠋ᠢ ᠪᠠᠨ ᠬᠦᠯᠢᠶᠡᠨ ᠬᠦᠯᠢᠶᠡᠨ ᠪᠠᠢᠨ᠎ᠠ᠃ ᠪᠣᠰᠢᠭᠣ ᠣᠷᠣᠵᠤ ᠴᠠᠢ ᠪᠠᠨ ᠤᠤᠭᠤ ᠭᠡᠬᠦ ᠳ᠋ᠦ᠍᠂ ᠬᠦᠦ ᠶ᠋ᠢᠨ ᠨᠢᠳᠦ ᠨᠢ ᠰᠡᠷᠭᠦᠵᠦ᠂ ᠪᠠᠬᠠᠲᠠᠢ ᠰᠡᠳᠬᠢᠯ ᠲᠥᠷᠥᠨ ᠡᠴᠢᠭᠡ ᠶ᠋ᠢᠨ ᠬᠠᠮᠲᠤ ᠭᠡᠷ ᠲᠡᠭᠡᠨ ᠣᠷᠣᠪᠠᠯ᠂ ᠡᠬᠡ ᠨᠢ ᠴᠠᠢ ᠪᠠᠨ ᠪᠤᠴᠠᠯᠭᠠᠭᠠᠳ ᠰᠠᠮᠤᠷᠤᠨ ᠰᠦᠯᠡᠵᠦ ᠪᠠᠢᠨ᠎ᠠ᠃ ᠡᠴᠢᠭᠡ ᠵᠡᠭᠦᠨ ᠬᠣᠢᠨ᠎ᠠ᠂ ᠬᠦᠦ ᠪᠠᠷᠠᠭᠤᠨ ᠲᠠᠯ᠎ᠠ ᠳ᠋ᠤ᠌ ᠲᠤᠰ ᠲᠤᠰ ᠰᠠᠭᠤᠵᠠᠭᠠᠭᠰᠠᠨ ᠤ᠋ ᠳᠠᠷᠠᠭ᠎ᠠ
      — ᠠᠪᠠᠯᠠᠨᠠᠤ ᠭᠡᠨ᠎ᠡ ᠠ᠋᠂ ᠬᠡᠵᠢᠶ᠎ᠡ ᠪᠣᠯᠬᠤ ᠪᠣᠢ? ᠡᠴᠢᠭᠡ᠄
      — ᠥᠴᠥᠭᠡᠳᠦᠷ ᠣᠷᠣᠢ ᠠᠬᠠᠮᠠᠳ ᠤ᠋ᠨ ᠬᠢ ᠡᠴᠡ ᠳᠠᠶᠠᠩ ᠭᠤᠸᠠᠢ ᠢᠷᠡᠵᠦ᠂ ᠣᠳᠣ ᠵᠢᠷᠭᠤᠭ᠎ᠠ ᠬᠣᠨᠣᠭᠠᠳ ᠠᠷᠪᠠᠨ ᠲᠠᠪᠤᠨ ᠳ᠋ᠤ᠌ ᠠᠪᠠᠯᠠᠬᠤ ᠪᠠᠷ ᠬᠡᠯᠡᠯᠴᠡᠭᠡᠳ ᠶᠠᠪᠤᠪᠠ᠃ ᠡᠨᠡ ᠠᠪᠠ ᠪᠣᠯ ᠣᠨᠴᠠ ᠶᠡᠬᠡᠬᠡᠨ ᠠᠪᠠ ᠪᠣᠯᠬᠤ ᠪᠥᠭᠡᠳ ᠨᠡᠢᠲᠡ ᠭᠤᠷᠪᠠᠨ ᠨᠤᠲᠤᠭ ᠤ᠋ᠨ ᠠᠷᠠᠳ ᠤ᠋ᠳ ᠨᠡᠢᠯᠡᠵᠦ ᠵᠢᠪᠬᠤᠯᠠᠩᠲᠤ ᠬᠠᠢᠷᠬᠠᠨ ᠢ᠋ ᠠᠷᠤᠯᠠᠨ ᠪᠠᠶᠠᠨ ᠬᠠᠩᠭᠠᠢ ᠶ᠋ᠢ ᠥᠪᠥᠷᠯᠡᠵᠦ᠂ ᠰᠢᠷᠡᠭᠡᠲᠦ ᠶ᠋ᠢᠨ ᠰᠢᠯᠢ ᠶ᠋ᠢ ᠬᠢᠷᠠᠯᠠᠨ᠂ ᠴᠠᠢᠳᠠᠮ ᠤ᠋ᠨ ᠬᠣᠭᠣᠯᠠᠢ ᠶ᠋ᠢ ᠬᠠᠵᠠᠭᠤᠯᠠᠵᠤ᠂ ᠬᠦᠷᠡᠯ ᠦ᠋ᠨ ᠲᠠᠯ᠎ᠠ ᠶ᠋ᠢ ᠲᠣᠭᠣᠷᠢᠨ ᠠᠪᠠᠯᠠᠬᠤ ᠲᠤᠯᠠ ᠭᠠᠢᠭᠤᠢ ᠶᠡᠬᠡ ᠠᠪᠠ ᠪᠣᠯᠤᠨ᠎ᠠ᠃ ᠰᠠᠢᠨ ᠮᠣᠷᠢᠳ ᠪᠠᠷᠢᠵᠤ ᠤᠶᠠᠪᠠᠯ ᠵᠣᠬᠢᠨ᠎ᠠ ᠭᠡᠪᠡ᠃ ᠬᠦᠦ᠄
      — ᠲᠡᠭᠡᠪᠡᠯ᠂ ᠦᠨᠡᠬᠡᠷ ᠶᠡᠬᠡ ᠰᠠᠢᠨ ᠠᠪᠠ ᠪᠣᠯᠬᠤ ᠶᠤᠮ ᠪᠠᠢᠵᠤ᠂ ᠶᠠᠮᠠᠷ ᠮᠣᠷᠢᠳ ᠢ᠋ᠶ᠋ᠠᠨ ᠪᠠᠷᠢᠪᠠᠯ ᠰᠠᠢᠨ ᠪᠣᠢ? ᠡᠴᠢᠭᠡ᠄
      — ᠨᠠᠳᠠ ᠳ᠋ᠤ᠌ ᠬᠤᠷᠴᠠ ᠬᠠᠯᠲᠠᠷ ᠢ᠋ ᠪᠡᠷᠢ᠃ ᠴᠢ ᠥᠪᠡᠷ ᠢ᠋ᠶ᠋ᠡᠨ ᠢᠯᠭᠤᠨ ᠬᠠᠷ᠎ᠠ ᠪᠠᠨ ᠪᠠᠷᠢᠬᠤ ᠪᠤᠶᠤ ᠥᠪᠡᠷ ᠢ᠋ᠶ᠋ᠡᠨ ᠮᠡᠳᠡ᠂ ᠲᠡᠭᠦᠨ ᠡᠴᠡ ᠭᠠᠳᠠᠨ᠎ᠠ᠂ ᠠᠳᠤᠭᠤᠴᠢᠨ ᠪᠠ ᠬᠡᠦᠬᠡᠳ ᠦ᠋ᠳ ᠬᠡᠨ ᠬᠡᠨ ᠶᠠᠪᠤᠯᠴᠠᠬᠤ ᠪᠠ ᠶᠠᠮᠠᠷ ᠮᠣᠷᠢ ᠤᠨᠤᠵᠠᠭᠠᠬᠤ ᠶ᠋ᠢ ᠲᠡᠭᠦᠪᠡᠷ ᠮᠡᠳᠡᠯᠴᠡ! ᠬᠦᠦ᠄
      — ᠲᠡᠭᠡᠪᠡᠯ᠂ ᠡᠷᠲᠡᠬᠡᠨ ᠪᠡᠷᠢᠯᠡᠨ ᠤᠶᠠᠰᠤᠭᠠᠢ ᠭᠡᠳ ᠴᠠᠢ ᠪᠠᠨ ᠤᠤᠭᠤᠵᠤ ᠪᠠᠵᠠᠭᠠᠭᠰᠠᠨ ᠳᠠᠷᠠᠭ᠎ᠠ ᠡᠴᠢᠭᠡ ᠬᠦᠦ ᠬᠣᠶᠠᠭᠤᠯᠠ ᠪᠠᠨ ᠠᠳᠤᠭᠤᠴᠢᠨ ᠪᠠ ᠪᠠᠭᠠᠴᠤᠳ ᠠ᠋ᠴᠠ ᠬᠡᠳᠦ ᠬᠡᠳᠦ ᠶ᠋ᠢ ᠳᠠᠭᠠᠭᠤᠯᠤᠨ ᠵᠡᠷᠭᠡᠴᠡᠨ ᠬᠠᠲᠠᠷᠢᠭᠤᠯᠤᠭᠰᠠᠭᠠᠷ ᠠᠳᠤᠭᠤᠨ ᠳᠡᠭᠡᠷ᠎ᠡ ᠪᠡᠨ ᠬᠦᠷᠴᠦ ᠣᠴᠢᠪᠠ᠃
      ᠡᠨᠡ ᠦᠶ᠎ᠡ ᠳ᠋ᠦ᠍ ᠴᠣᠭᠲᠤ ᠬᠦᠦ ᠣᠯᠠᠨ ᠮᠣᠷᠢᠳ ᠢ᠋ ᠤᠷᠭᠠᠯᠠᠨ ᠪᠠᠷᠢᠯᠠᠬᠤ ᠨᠢ ᠦᠨᠡᠬᠡᠷ ᠠᠪᠢᠶᠠᠰ ᠲᠠᠢ ᠱᠠᠯᠠᠮᠠᠭᠠᠢ᠂ ᠥᠭᠡᠳᠡ ᠤᠷᠤᠭᠤ ᠦᠭᠡᠢ ᠬᠥᠭᠡᠭᠡᠵᠦ᠂ ᠵᠥᠪ ᠪᠠ ᠪᠤᠷᠤᠭᠤ ᠦᠭᠡᠢ ᠰᠢᠷᠭᠤᠭᠤᠯᠤᠨ ᠪᠠᠷᠢᠬᠤ ᠶ᠋ᠢ ᠦᠵᠡᠭᠰᠡᠨ ᠬᠥᠮᠦᠨ ᠪᠦᠬᠦᠨ ᠭᠠᠢᠬᠠᠨ᠎ᠠ᠁

      ᠦᠰᠦᠭ ᠠᠮᠢᠯᠠᠭᠤᠯᠤᠭᠴᠢ᠄ ᠨᠡᠭᠦᠳᠡᠯ᠂ ᠭᠡᠷᠡᠯ
      ᠬᠢᠨᠠᠭᠴᠢ᠄ ᠰᠡᠬᠡᠭᠡᠷᠡᠯ᠂ ᠣᠳᠬᠠᠨᠰᠣ᠎ᠠ