ᠬᠥᠭᠰᠢᠨ ᠬᠥᠮᠦᠨ ᠦ᠌ ᠥᠭᠦᠯᠡᠯ- ᠳ· ᠨᠠᠴᠤᠭᠳᠣᠷᠵᠢХөгшин хүний өгүүлэл-Д.Нацагдорж ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠭᠰᠢᠨ ᠬᠥᠮᠦᠨ ᠦ᠌ ᠥᠭᠦᠯᠡᠯ- ᠳ· ᠨᠠᠴᠤᠭᠳᠣᠷᠵᠢХөгшин хүний өгүүлэл-Д.Нацагдорж

ᠬᠥᠭᠰᠢᠨ ᠬᠥᠮᠦᠨ ᠦ᠌ ᠥᠭᠦᠯᠡᠯ- ᠳ· ᠨᠠᠴᠤᠭᠳᠣᠷᠵᠢХөгшин хүний өгүүлэл-Д.Нацагдорж

2024-06-17

284

                   ᠳ· ᠨᠠᠴᠤᠭᠳᠣᠷᠵᠢ 
      ᠤᠯᠠᠭᠠᠨᠪᠠᠭᠠᠲᠤᠷ ᠬᠣᠲᠠᠨ ᠳ᠋ᠤ᠌ ᠴᠣᠬᠣᠮ ᠠᠯᠢ ᠬᠢᠷᠢ ᠪᠣᠯᠬᠤ ᠶ᠋ᠢ ᠮᠡᠳᠡᠬᠦ ᠦᠭᠡᠢ᠂ ᠲᠠᠪᠤᠳᠤᠭᠠᠷ ᠬᠣᠷᠢᠶᠠᠨ ᠳ᠋ᠤ᠌ ᠭᠡᠨ᠎ᠡ᠃ ᠨᠢᠭᠡ ᠠᠭᠤᠳᠠᠮ ᠪᠥᠭᠡᠳ
ᠵᠦᠭᠡᠷ ᠪᠢᠰᠢ ᠪᠠᠩᠵᠠᠨ ᠬᠠᠰᠢᠶ᠎ᠠ ᠪᠠᠢᠨ᠎ᠠ᠃ ᠪᠠᠰᠠ ᠪᠣᠳᠣᠭ ᠢ᠋ᠶ᠋ᠠᠷ ᠪᠣᠳᠣᠵᠠᠢ᠃ ᠳᠣᠲᠣᠷ᠎ᠠ ᠨᠢ ᠣᠯᠠᠨ ᠤᠷᠲᠤ ᠴᠠᠭᠠᠨ ᠪᠠᠢᠰᠢᠩ ᠦᠵᠡᠭᠳᠡᠨ᠎ᠡ᠃
ᠵᠠᠷᠢᠮ ᠤ᠋ᠨ ᠴᠣᠩᠬᠣᠨ ᠳᠡᠭᠡᠷ᠎ᠡ ᠰᠠᠢᠬᠠᠨ ᠴᠡᠴᠡᠭ ᠨᠠᠪᠴᠢ ᠲᠠᠯᠪᠢᠵᠠᠢ᠃
     — ᠡᠨᠡ ᠶᠠᠮᠠᠷ ᠭᠠᠵᠠᠷ ᠪᠣᠢ? ᠭᠡᠵᠦ ᠡᠭᠦᠳᠡᠨ ᠳ᠋ᠡᠬᠢ ᠬᠥᠮᠦᠨ ᠡᠴᠡ ᠠᠰᠠᠭᠤᠪᠠᠯ
     — ᠡᠷᠡᠭᠦᠯ ᠢ᠋ ᠬᠠᠮᠠᠭᠠᠯᠠᠬᠤ ᠭᠠᠵᠠᠷ ᠭᠡᠨ᠎ᠡ᠃
     — ᠶᠠᠭᠠᠬᠢᠳᠠᠭ ᠭᠠᠵᠠᠷ ᠪᠣᠢ? ᠭᠡᠪᠡᠯ
     — ᠡᠪᠡᠳᠴᠢᠲᠡᠢ ᠬᠥᠮᠦᠨ ᠢ᠋ ᠡᠳᠡᠭᠡᠭᠡᠳᠡᠭ ᠭᠠᠵᠠᠷ ᠭᠡᠨ᠎ᠡ᠃
     — ᠶᠠᠭᠠᠬᠢᠵᠤ ᠡᠳᠡᠭᠡᠭᠡᠳᠡᠭ ᠭᠠᠵᠠᠷ ᠪᠣᠢ? ᠭᠡᠪᠡᠯ
     — ᠡᠮᠨᠡᠭᠡᠳ ᠡᠳᠡᠭᠡᠭᠡᠳᠡᠭ ᠭᠠᠵᠠᠷ ᠭᠡᠨ᠎ᠡ᠃
     — ᠪᠢ ᠬᠠᠨᠢᠶᠠᠳᠤ ᠬᠦᠷᠦᠭᠡᠳ ᠭᠠᠭᠴᠠ ᠮᠠᠭᠤ ᠬᠠᠳᠠᠭ ᠲᠠᠢ᠂ ᠡᠮ ᠵᠠᠯᠠᠬᠤ ᠭᠡᠵᠦ ᠶᠠᠪᠤᠭ᠎ᠠ ᠶᠤᠮᠰᠠᠨ᠃ ᠶᠠᠭᠤ ᠪᠠᠷᠢᠪᠠᠯ ᠵᠣᠬᠢᠬᠤ ᠪᠣᠢ? ᠭᠡᠪᠡᠯ
     — ᠬᠠᠳᠠᠭ ᠪᠠᠢᠲᠤᠭᠠᠢ ᠰᠠᠮᠪᠠᠢ ᠴᠦ᠍ ᠬᠡᠷᠡᠭ ᠦᠭᠡᠢ᠂ ᠵᠦᠭᠡᠷ ᠡᠳᠡᠭᠡᠭᠡᠵᠦ ᠥᠭᠳᠡᠭ ᠭᠠᠵᠠᠷ ᠭᠡᠨ᠎ᠡ᠃
     — ᠲᠡᠭᠡᠪᠡᠯ ᠣᠷᠣᠵᠤ ᠡᠮ ᠵᠠᠯᠠᠵᠤ ᠪᠣᠯᠬᠤ ‍ᠤᠤ? ᠭᠡᠪᠡᠯ
     — ᠪᠣᠯᠬᠤ ᠦᠭᠡᠢ ᠶᠠᠭᠠᠬᠢᠬᠤ ᠪᠣᠢ ᠭᠡᠨ᠎ᠡ᠃
     — ᠡᠢᠮᠦ ᠭᠠᠵᠠᠷ ᠢ᠋ ᠴᠢᠨᠢ ᠶᠠᠮᠠᠷ ᠪᠤᠶᠠᠨ ᠲᠠᠢ ᠬᠥᠮᠦᠨ ᠪᠠᠢᠭᠤᠯᠤᠭᠰᠠᠨ ᠶᠤᠮ ᠪᠣᠢ? ᠭᠡᠪᠡᠯ
     — ᠥᠷᠥᠰᠢᠶᠡᠯ ᠲᠡᠢ ᠵᠠᠰᠠᠭ ᠴᠢᠨᠢ
ᠪᠠᠢᠭᠤᠯᠤᠭᠰᠠᠨ ᠶᠤᠮ ᠭᠡᠨ᠎ᠡ ᠂

         1935 ᠣᠨ

     ᠦᠰᠦᠭ ᠠᠮᠢᠯᠠᠭᠤᠯᠤᠭᠴᠢ᠄ ᠨᠠᠷᠠᠨᠲᠤᠶᠠᠭ᠎ᠠ
     ᠬᠢᠨᠠᠭᠴᠢ ᠪᠠᠭᠰᠢ᠄ ᠭᠠᠷᠮ᠎ᠠ᠂ ᠰᠡᠬᠡᠭᠡᠷᠡᠯ᠂ ᠣᠳᠬᠠᠨᠰᠣ᠎ᠠ