ᠤᠨᠵᠢᠯᠭ᠎ᠠ ᠴᠡᠴᠡᠭ Унжлага цэцэг Unjlaga tsetseg
ᠠᠩᠭᠢᠯᠠᠯ:ᠡᠪᠡᠰᠦ ᠤᠷᠭᠤᠮᠠᠯӨвс ургамал 2025-03-23
184
ᠤᠨᠵᠢᠯᠭ᠎ᠠ ᠴᠡᠴᠡᠭ ᠲᠤᠰ ᠡᠮ ᠪᠣᠯ ᠴᠠᠩᠬᠤᠢ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠲᠡᠩᠰᠡᠯᠢᠭ ᠵᠠᠮᠤᠷ ᠤ᠋ᠨ ᠪᠣᠯᠪᠠᠰᠤᠷᠠᠭᠰᠠᠨ ᠵᠢᠮᠢᠰ ᠮᠥᠨ᠃ ᠪᠠᠰᠠ ᠤᠨᠵᠢᠯᠭ᠎ᠠ ᠴᠡᠴᠡᠭ ᠭᠡᠳᠡᠭ᠃ ᠵᠠᠷᠢᠮ ᠭᠠᠵᠠᠷ ᠲᠤ᠌ ᠡᠭᠦᠨ ᠢ᠋ ᠪᠠᠳᠮᠠᠭᠡᠰᠡᠷ ᠭᠡᠵᠦ ᠬᠡᠷᠡᠭᠯᠡᠵᠦ ᠪᠠᠢᠨ᠎ᠠ᠃ [ ᠤᠤᠯ ᠤᠷᠭᠤᠮᠠᠯ] ᠮᠥᠩᠬᠡ ᠨᠣᠭᠣᠭᠠᠨ ᠠᠪᠠᠷᠢᠵᠤ ᠤᠷᠭᠤᠬᠤ ᠪᠤᠲᠠ ᠮᠣᠳᠣ᠃5m ᠥᠨᠳᠥᠷ᠂ ᠵᠢᠵᠢᠭ ᠮᠥᠴᠢᠷ ᠨᠢ ᠲᠤᠷᠤᠭ ᠪᠦᠳᠦᠭᠦᠨ᠂ ᠬᠠᠪᠲᠠᠭᠠᠢ ᠮᠤᠷᠤᠢ ᠬᠠᠯᠢᠰᠤᠨ ᠥᠷᠭᠡᠰᠦ ᠲᠠᠷᠬ...