ᠶᠡᠬᠡ ᠬᠠᠭᠠᠨ ᠲᠠᠢ ᠤᠴᠠᠷᠠᠭᠰᠠᠨ ᠵᠡᠭᠦᠳᠦ-ᠷ ∙ ᠴᠣᠢᠨᠣᠮ-ᠨᠠᠢᠷᠠᠭᠯᠠᠯИх хаантай учирсан зүүд-Р.Чойном -R.Choinom ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠡᠬᠡ ᠬᠠᠭᠠᠨ ᠲᠠᠢ ᠤᠴᠠᠷᠠᠭᠰᠠᠨ ᠵᠡᠭᠦᠳᠦ-ᠷ ∙ ᠴᠣᠢᠨᠣᠮ-ᠨᠠᠢᠷᠠᠭᠯᠠᠯИх хаантай учирсан зүүд-Р.Чойном -R.Choinom

ᠶᠡᠬᠡ ᠬᠠᠭᠠᠨ ᠲᠠᠢ ᠤᠴᠠᠷᠠᠭᠰᠠᠨ ᠵᠡᠭᠦᠳᠦ-ᠷ ∙ ᠴᠣᠢᠨᠣᠮ-ᠨᠠᠢᠷᠠᠭᠯᠠᠯИх хаантай учирсан зүүд-Р.Чойном -R.Choinom

2025-04-08

750

ᠶᠡᠬᠡ ᠬᠠᠭᠠᠨ ᠲᠠᠢ ᠤᠴᠠᠷᠠᠭᠰᠠᠨ ᠵᠡᠭᠦᠳᠦ

         ᠷ ∙ ᠴᠣᠢᠨᠣᠮ 
ᠤᠷᠢᠳᠤ ᠰᠥᠨᠢ ᠪᠢ ᠨᠢᠭᠡ ᠭᠤᠶᠤᠯᠭᠠᠴᠢᠨ ᠡᠪᠦᠭᠡᠨ ᠵᠡᠭᠦᠳᠦᠯᠡᠯ᠎ᠡ 
ᠤᠷᠠᠩᠬᠠᠢ ᠨᠣᠣᠷᠬᠠᠢ ᠬᠤᠪᠴᠠᠰᠤ ᠲᠠᠢ 
ᠤᠷᠤᠭᠤ ᠳᠣᠷᠣᠢ ᠴᠢᠷᠠᠢ ᠲᠠᠢ 
ᠤᠷᠲᠤ ᠰᠢᠷ᠎ᠠ ᠰᠠᠬᠠᠯ ᠲᠠᠢ 
ᠤᠬᠢᠯᠠᠭᠰᠠᠨ ᠡᠪᠦᠭᠡᠨ ᠶᠠᠪᠤᠵᠤ ᠪᠠᠢᠬᠤ ᠶᠤᠮ 
ᠰᠠᠢᠨ ᠪᠠᠢᠨ᠎ᠠ ᠤᠤ 
ᠲᠠ ᠶᠠᠭᠤᠨ ᠳ᠋ᠤ᠌ ᠤᠬᠢᠯᠠᠭ᠎ᠠ ᠪᠣᠢ ᠭᠡᠪᠡᠯ 
ᠰᠠᠢᠨ ᠶᠢᠨ ᠴᠤ᠌ ᠠᠯᠲᠠ ᠨᠣᠬᠠᠢ ᠳᠣᠯᠢᠶᠠ 
ᠰᠠᠯᠵᠤ ᠪᠣᠯᠬᠤ ᠪᠦᠬᠦᠨ ᠡᠴᠡ ᠪᠡᠨ ᠰᠠᠯᠤᠭᠠᠳ 
ᠰᠠᠨᠠᠭ᠎ᠠ ᠰᠡᠳᠬᠢᠯ ᠢ᠋ᠶ᠋ᠡᠨ ᠬᠦᠷᠲᠡᠯ᠎ᠡ ᠬᠤᠳᠠᠯᠳᠤᠭᠠᠳ 
ᠰᠠᠯᠭᠠᠨᠠᠵᠤ ᠶᠠᠪᠤᠨ᠎ᠠ ᠳᠠ ᠬᠦᠦ ᠮᠢᠨᠢ 
ᠶᠠᠭᠠᠬᠢᠴᠢᠬᠠᠭᠰᠠᠨ ᠶᠤᠮ ᠪᠣᠯ ᠳ᠋ᠣᠣ ᠵᠠᠢᠯᠠᠭᠤᠯ 
ᠶᠠᠳᠠᠷᠠᠵᠤ ᠮᠤᠩᠭᠠᠨᠢᠭᠠᠳ ᠯᠠ ᠲᠡᠷᠡ ᠪᠠᠢᠬᠤ ᠳᠠ ᠬᠥᠭᠡᠷᠦᠬᠦᠢ 
ᠶᠠᠭᠤᠮ᠎ᠠ ᠪᠠᠨ ᠬᠥᠮᠦᠨ ᠳ᠋ᠦ᠍ ᠪᠤᠯᠢᠶᠠᠯᠭ᠎ᠠ ᠶᠤᠮ ᠪᠣᠯᠪᠠ ᠤᠤ 
ᠶᠠᠭᠤ ᠪᠠᠵᠠᠭᠠᠭᠠᠴᠢ ᠳᠧ ᠭᠡᠵᠦ
ᠥᠷᠥᠪᠳᠡᠵᠦ ᠪᠢ ᠳᠣᠲᠣᠷ᠎ᠠ ᠪᠠᠨ ᠪᠣᠳᠣᠭᠠᠳ
ᠡᠪᠦᠭᠡᠨ ᠢ᠋ ᠳᠠᠭᠤ ᠦᠭᠡᠢᠬᠡᠨ ᠰᠢᠷᠲᠡᠯ᠎ᠡ
ᠣᠴᠣᠢᠵᠤ ᠰᠠᠯᠭᠠᠨᠠᠭᠰᠠᠨ ᠲᠤᠷᠠᠩᠬᠠᠢ ᠡᠪᠦᠭᠡᠨ
ᠥᠭᠡᠳᠡ ᠡᠴᠡ ᠬᠠᠷᠠᠵᠤ
ᠤᠷᠢᠳᠤ ᠪᠢ ᠡᠵᠡᠨ ᠬᠠᠭᠠᠨ ᠪᠠᠢᠯ᠎ᠠ
ᠤᠯᠤᠰ ᠭᠦᠷᠦᠨ ᠲᠡᠢ᠂ ᠨᠡᠷ᠎ᠡ ᠲᠥᠷᠥ ᠲᠡᠢ
ᠲᠦᠮᠡᠨ ᠭᠠᠵᠠᠷ ᠢ᠋ ᠡᠵᠡᠯᠡᠭᠰᠡᠨ ᠨᠤᠲᠤᠭ ᠲᠠᠢ
ᠲᠡᠦᠬᠡ ᠶ᠋ᠢ ᠳᠣᠩᠰᠣᠯᠭᠠᠭᠰᠠᠨ ᠮᠣᠷᠢᠨ ᠴᠡᠷᠢᠭ ᠲᠡᠢ ᠪᠠᠢᠯ᠎ᠠ
ᠣᠳᠣ ᠶᠠᠭᠤ ᠴᠤ᠌ ᠪᠠᠢᠬᠤ ᠦᠭᠡᠢ
ᠣᠷᠴᠢᠯᠠᠩ ᠤ᠋ᠨ ᠡᠯᠡᠭ ᠳᠣᠭᠣᠭᠢ ᠪᠣᠯᠵᠤ
ᠤᠯᠠ ᠪᠠᠨ ᠱᠠᠭᠠᠢᠭᠰᠠᠨ ᠬᠡᠳᠦᠨ ᠬᠡᠦᠬᠡᠳ
ᠤᠯᠤᠰ ᠪᠣᠯᠵᠤ ᠲᠣᠭᠯᠠᠵᠤ ᠪᠠᠢᠨ᠎ᠠ
ᠬᠠᠷᠠᠭᠠᠳ ᠨᠢᠳᠦ ᠮᠢᠨᠢ ᠡᠪᠡᠳᠬᠦ ᠰᠢᠭ
ᠬᠠᠷᠠᠮᠰᠠᠭᠠᠳ ᠡᠯᠢᠭᠡ ᠵᠢᠷᠦᠬᠡ ᠮᠢᠨᠢ ᠡᠪᠡᠳᠬᠦ ᠰᠢᠭ
ᠠᠯᠢ ᠮᠠᠭᠤ ᠪᠠᠨ ᠦᠵᠡᠵᠦ ᠪᠠᠷᠠᠬᠤ ᠠ᠋ᠴᠠ ᠪᠠᠨ ᠨᠠᠭᠠᠨ᠎ᠠ
ᠠᠪᠰᠠᠨ ᠳ᠋ᠠᠭᠠᠨ ᠣᠴᠢᠵᠤ ᠨᠢᠳᠦ ᠳᠠᠯᠳᠠ ᠬᠡᠪᠲᠡᠶ᠎ᠡ
ᠭᠤᠶᠤᠯᠭᠠᠴᠢᠨ ᠡᠪᠦᠭᠡᠨ ᠢᠩᠭᠢᠵᠦ
ᠭᠤᠲᠤᠭ ᠦᠭᠡᠢ ᠳᠣᠩᠭᠣᠰᠬᠤ ᠶ᠋ᠢ ᠦᠵᠡᠪᠡᠯ
ᠤᠬᠠᠭᠠᠨ ᠨᠢ ᠪᠠᠰᠠ ᠬᠤᠪᠴᠠᠰᠤ ᠰᠢᠭ᠋ ᠢ᠋ᠶ᠋ᠡᠨ
ᠤᠷᠠᠭᠳᠠᠵᠤ ᠪᠣᠯᠢᠭᠰᠠᠨ ᠪᠣᠯᠤᠯᠲᠠᠢ
ᠲᠡᠰᠬᠡᠯ ᠦᠭᠡᠢ ᠪᠢ ᠰᠡᠭᠦᠷᠡᠰᠦ ᠠᠯᠳᠠᠭᠠᠳ
ᠲᠡᠭᠡ ᠳᠧ ᠲᠠ᠂ ᠳᠠᠯᠳᠠ ᠣᠷᠣᠵᠤ ᠦᠵᠡ
ᠬᠡᠴᠡᠭᠦᠦ ᠭᠠᠯᠵᠠᠭᠤ ᠲᠣᠰᠴᠤ ᠳᠧ ᠲᠠᠨ ᠳ᠋ᠤ᠌
ᠬᠡᠵᠢᠶ᠎ᠡ ᠡᠳᠡᠭᠡᠨ᠎ᠡ ᠭᠡᠵᠦ ᠶᠠᠪᠤᠬᠤ ᠪᠣᠢ ᠳᠧ ᠭᠡᠲᠡᠯ᠎ᠡ
ᠠᠭᠤᠷᠯᠠᠭᠰᠠᠨ ᠡᠪᠦᠭᠡᠨ ᠨᠣᠭᠣᠭᠠᠨ ᠨᠢᠳᠦ ᠪᠡᠷ ᠢ᠋ᠶ᠋ᠡᠨ
ᠣᠯᠠᠨ ᠠ᠋ᠴᠠ ᠣᠷᠣᠢ ᠬᠦᠷᠲᠡᠯ᠎ᠡ ᠬᠠᠷᠠᠭᠠᠳ
ᠦ ᠁ ᠦᠬᠦᠵᠦ ᠬᠡᠪᠲᠡᠭᠰᠡᠨ ᠮᠠᠭᠤ ᠰᠦᠭ ᠠ᠋
ᠥᠯᠪᠡᠷᠴᠦ ᠦᠬᠦᠬᠦ ᠳ᠋ᠡᠭᠡᠨ ᠲᠠᠭᠠᠷᠠᠭᠰᠠᠨ ᠮᠠᠯ ᠠ᠋
ᠡᠷᠲᠡᠨ ᠡᠴᠡ ᠮᠣᠩᠭᠣᠯᠴᠤᠳ ᠲᠡᠨᠡᠭ ᠪᠠᠢᠭᠰᠠᠨ ᠶᠤᠮ
ᠡᠳᠦᠭᠡ ᠪᠦᠷ ᠰᠣᠯᠢᠶᠠᠷᠠᠴᠢᠬᠠᠵᠤ ᠭᠡᠮ
ᠡᠬᠡ ᠡᠴᠢᠭᠡ ᠦᠭᠡᠢ ᠬᠡᠦᠬᠡᠳ ᠰᠢᠭ ᠴᠢᠷᠠᠢ ᠠᠯᠳᠠᠴᠢᠬᠠᠭᠠᠳ
ᠡᠵᠡᠨ ᠬᠠᠭᠠᠨ ᠢ᠋ᠶ᠋ᠠᠨ ᠴᠤ᠌ ᠲᠠᠨᠢᠬᠤ ᠪᠠᠨ ᠪᠣᠯᠢᠵᠤ ᠭᠡᠮ
ᠦ ᠁
ᠲᠠ ᠴᠢᠨᠢ ᠮᠠᠨ ᠤ᠋ ᠡᠵᠡᠨ ᠬᠠᠭᠠᠨ ᠪᠠᠢᠭᠰᠠᠨ ᠶᠤᠮ ᠤᠤ
ᠥᠭᠡᠷ᠎ᠡ ᠬᠡᠨ ᠦ᠌ ᠬᠢ ᠪᠠᠢᠬᠤ ᠶᠤᠮ ᠮᠠᠯ ᠮᠢᠨᠢ
ᠲᠠ ᠨᠠᠷ ᠠ᠋ᠴᠠ ᠪᠤᠰᠤᠳ ᠤᠯᠤᠰ
ᠡᠪᠦᠭᠡ ᠳᠡᠭᠡᠳᠦᠰ ᠢ᠋ᠶ᠋ᠡᠨ ᠲᠠᠨᠢᠬᠤ ᠲᠠᠢ ᠪᠠᠨ ᠪᠠᠢᠬᠤ ᠳ᠋ᠤ᠌
ᠭᠡᠵᠦ ᠢᠷᠡᠭᠡᠳ ᠯᠡ ᠭᠤᠲᠤᠭ ᠦᠭᠡᠢ
ᠠᠢᠯᠠᠳᠤᠭᠠᠳ ᠥᠭᠡᠳᠡ ᠡᠴᠡ ᠰᠢᠷᠲᠡᠯ᠎ᠡ
ᠭᠤᠶᠤᠯᠭᠠᠴᠢᠨ ᠬᠢᠷᠢᠨ᠎ᠡ ᠣᠮᠣᠭ ᠲᠠᠢ ᠭᠡᠳᠡᠭ ᠨᠢ
ᠵᠠ ᠁
ᠲᠡᠢᠮᠦ ᠪᠣᠯᠲᠤᠭᠠᠢ
ᠠᠶ᠎ᠠ ᠪᠠᠷ ᠨᠢ ᠪᠠᠢᠶ᠎ᠠ
ᠵᠠᠢᠯᠠᠭᠤᠯ
ᠪᠢᠳᠡᠨ ᠦ᠌ ᠠᠮᠠ ᠪᠠᠷ ᠶᠢᠷᠲᠢᠨᠴᠦ ᠬᠤᠪᠢᠷᠠᠬᠤ ᠪᠢᠰᠢ ᠳᠧ
ᠲᠠ ᠁ ᠬᠠᠭᠠᠨ ᠪᠠᠢᠭᠰᠠᠨ ᠪᠠᠢᠵᠤ ᠪᠣᠯᠤᠨ᠎ᠠ
ᠲᠠᠩᠰᠤᠭ ᠰᠠᠢᠬᠠᠨ ᠬᠤᠪᠴᠠᠰᠤᠨ ᠤ᠋ ᠪᠠᠨ ᠣᠷᠣᠨ ᠳ᠋ᠤ᠌
ᠲᠠᠭᠠᠷ ᠨᠠᠪᠲᠠᠰ ᠨᠥᠮᠥᠷᠴᠢᠬᠡᠭᠰᠡᠨ ᠪᠣᠯᠬᠣᠷ ᠴᠢᠨᠢ
ᠲᠠᠨᠢᠭᠰᠠᠨ ᠦᠭᠡᠢ ᠰᠢᠦ ᠥᠷᠥᠰᠢᠶᠡᠭᠡᠷᠡᠢ ᠁
ᠥᠷᠥᠰᠢᠶᠡᠯ ᠮᠥᠨ ᠴᠦ᠍ ᠶᠠᠭᠠᠬᠢᠮᠤᠢ ᠬᠦᠦ ᠮᠢᠨᠢ
ᠡᠮᠦᠰᠬᠡᠯ ᠵᠡᠭᠦᠯᠲᠡ ᠬᠠᠮᠤᠭ ᠪᠦᠬᠦᠨ ᠢ᠋ ᠮᠢᠨᠢ
ᠪᠤᠯᠠᠰᠢᠨ ᠳ᠋ᠤ᠌ ᠪᠠᠢᠬᠤ ᠳ᠋ᠤ᠌ ᠬᠡᠭᠦᠷ ᠲᠣᠨᠣᠭᠠᠴᠢᠨ ᠨᠤᠤᠭᠤᠨ 
ᠪᠤᠯᠲᠤ ᠶ᠋ᠢ ᠨᠢ ᠠᠪᠤᠭᠠᠳ ᠬᠤᠳᠠᠯᠳᠤᠴᠢᠬᠠᠭᠰᠠᠨ ᠶᠤᠮ
ᠣᠴᠢᠭ᠎ᠠ ᠦᠭᠡᠢ ᠪᠢᠵᠡ ᠳᠧ ᠴᠢ
ᠶᠠᠭᠤ ᠪᠠᠨ ᠦᠵᠡᠬᠦᠪ ᠳᠧ ᠴᠢ
ᠦᠵᠡᠭᠰᠡᠨ ᠴᠢᠨᠢ ᠵᠥᠪᠬᠡᠨ ᠡᠷᠢᠶᠡᠨ ᠴᠠᠭᠠᠰᠤ
ᠦᠰᠦᠭ ᠡᠴᠡ ᠴᠠᠭᠠᠰᠢ ᠦᠭᠡᠢ ᠴᠥᠮ ᠬᠤᠳᠠᠯ
ᠭᠠᠭᠴᠠ ᠦᠨᠡᠨ ᠶᠠᠭᠤᠮ᠎ᠠ ᠭᠡᠪᠡᠯ
ᠲᠠ ᠨᠠᠷ ᠤ᠋ᠨ ᠭᠠᠷ ᠮᠤᠬᠤᠷ ᠨᠢᠳᠦ ᠰᠣᠬᠣᠷ ᠪᠠᠢᠨ᠎ᠠ
ᠬᠦᠵᠦᠭᠦᠨ ᠳ᠋ᠡᠭᠡᠨ ᠳᠥᠩᠭᠡ ᠲᠡᠢ ᠪᠠᠢᠬᠤ ᠳ᠋ᠠᠭᠠᠨ ᠴᠤ᠌
ᠪᠢ ᠴᠦ᠍ ᠢᠩᠭᠢᠵᠦ ᠬᠥᠮᠦᠨ ᠦ᠌ ᠡᠷᠬᠡᠨ ᠳ᠋ᠦ᠍
ᠰᠥᠭᠥᠳᠴᠦ ᠶᠠᠪᠤᠭ᠎ᠠ ᠦᠭᠡᠢ ᠶᠤᠮ ᠰᠢᠦ
ᠵᠠ ᠁ ᠴᠢᠮ᠎ᠠ ᠲᠠᠢ ᠶᠠᠷᠢᠭᠠᠳ ᠴᠤ᠌ ᠶᠠᠭᠠᠬᠢᠬᠤ ᠶᠤᠮ ᠪᠣᠢ
ᠵᠠᠰᠠᠭ ᠵᠠᠶᠠᠭ᠎ᠠ ᠬᠣᠶᠠᠷ ᠲᠠᠭᠠᠨ ᠭᠣᠮᠣᠳᠠ ᠭᠡᠵᠦ ᠬᠡᠯᠡᠭᠡᠳ
ᠵᠠᠳᠠᠷᠠᠭᠰᠠᠨ ᠡᠪᠦᠭᠡᠨ ᠴᠠᠭᠠᠭᠰᠢ ᠪᠠᠨ ᠡᠷᠭᠢᠭᠡᠳ
ᠵᠠᠮ ᠢ᠋ᠶ᠋ᠠᠨ ᠳᠠᠭᠠᠵᠤ ᠬᠡᠯᠲᠦᠷᠢᠵᠦ ᠣᠳᠤᠯ᠎ᠠ
ᠬᠥᠮᠦᠨ ᠲᠥᠷᠥᠯᠬᠢᠲᠡᠨ ᠢ᠋ ᠠᠶᠤᠯᠭᠠᠬᠤ ᠨᠢ ᠪᠢᠲᠡᠭᠡᠢ ᠬᠡᠯᠡ
ᠬᠡᠦᠬᠡᠳ ᠨᠣᠬᠠᠢ ᠶ᠋ᠢᠨ ᠲᠣᠭᠯᠠᠭᠠᠨ ᠪᠣᠯᠤᠮᠠᠷ
ᠬᠠᠲᠠᠭᠰᠠᠨ ᠨᠠᠪᠴᠢ ᠰᠢᠭ᠋ ᠥᠴᠦᠬᠡᠨ ᠡᠨᠡ ᠡᠪᠦᠭᠡᠨ
ᠬᠠᠵᠠᠭᠠᠨᠠᠭᠰᠠᠭᠠᠷ ᠪᠠᠷ᠎ᠠ ᠲᠠᠰᠤᠷᠠᠯ᠎ᠠ
ᠡᠵᠡᠨ ᠴᠢᠩᠭᠢᠰ᠂ ᠡᠵᠡᠨ ᠴᠢᠩᠭᠢᠰ ᠡᠨᠡ ᠤᠤ ᠭᠡᠭᠰᠡᠭᠡᠷ ᠪᠢ
ᠡᠯᠢᠭᠡ ᠪᠡᠨ ᠬᠥᠰᠢᠲᠡᠯ᠎ᠡ ᠬᠥᠬᠥᠷᠡᠪᠡ
ᠳᠡᠩᠳᠡᠭᠦᠦ ᠢᠨᠢᠶᠡᠯ᠎ᠡ ᠭᠡᠳ ᠰᠡᠷᠢᠭᠰᠡᠨ ᠴᠢᠨᠢ
ᠳᠡᠷ᠎ᠡ ᠪᠡᠨ ᠨᠡᠪᠲᠡᠷᠡᠲᠡᠯ᠎ᠡ ᠤᠬᠢᠯᠠᠭᠰᠠᠨ ᠪᠠᠢᠯ᠎ᠠ᠃