ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠨᠢᠭᠡᠳᠦᠭᠡᠷ ᠪᠦᠯᠦᠭ <ᠠᠷᠪᠠ> Хан мунын сүүрс < доорд > – Мөнх зохиоов ᠂Дөдгөөр бодь – Нэгдүгээр бүлэг <10>
ᠲᠦᠲᠦᠭᠡᠷ ᠪᠣᠲᠢ – ᠨᠢᠭᠡᠳᠦᠭᠡᠷ ᠪᠦᠯᠦᠭ <ᠠᠷᠪᠠ>
ᠤᠨᠢᠶᠠᠷ ᠬᠦᠳᠡᠩ ᠡᠴᠡ ᠠᠭᠠᠵᠢᠮᠬᠠᠨ ᠰᠤᠭᠤᠷᠠᠭᠰᠠᠨ ᠨᠠᠷᠠ ᠠᠭᠤᠯᠠ ᠶ᠋ᠢᠨ ᠲᠣᠯᠣᠭᠠᠢ ᠳᠡᠭᠡᠷ᠎ᠡ ᠭᠠᠷᠬᠤ ᠳ᠋ᠤ᠌ ᠮᠤᠨᠠ ᠶ᠋ᠢᠨ ᠠᠭᠤᠯᠠᠨ ᠤ᠋ ᠱᠢᠷᠤᠨ ᠬᠠᠳᠠ ᠶ᠋ᠢ ᠴᠢᠮᠡᠭᠰᠠᠨ ᠴᠣᠬᠣᠷ ᠴᠠᠰᠤ ᠨᠠᠷᠠᠨ ᠤ᠋ ᠭᠡᠷᠡᠯ ᠳ᠋ᠦ᠍ ᠭᠢᠯᠠᠰᠴᠤ ᠬᠠᠷᠬᠠᠭᠳᠠᠬᠤ ᠨᠢ ᠣᠨᠴᠠ ᠰᠠᠢᠬᠠᠨ᠃ ᠠᠭᠤᠯᠠ ᠶ᠋ᠢᠨ ᠪᠠᠯ᠂ ᠡᠩᠭᠡᠷ ᠬᠠᠵᠠᠭᠤ ᠪᠠᠷ ᠴᠠᠰᠤ ᠨᠢᠮᠭᠡᠷᠡᠭᠰᠡᠨ ᠪᠣᠯᠪᠠᠴᠤ ᠨᠤᠭᠤ ᠰᠤᠵᠠᠭ ᠢ᠋ᠶ᠋ᠠᠷ ᠰᠥᠬᠥ ᠴᠠᠰᠤ ᠨᠠᠯᠤᠢᠵᠤ ᠬᠠᠷᠠᠭᠳᠠᠨ᠎ᠠ᠃
ᠤᠷᠭᠤᠬᠤ ᠨᠠᠷᠠᠨ ᠤ᠋ ᠪᠦᠯᠢᠶᠡᠨ ᠲᠤᠶᠠᠭ᠎ᠠ ᠶ᠋ᠢ ᠨᠥᠮᠥᠷᠴᠦ ᠵᠤᠳᠪᠠ ᠮᠡᠢᠷᠡᠨ ᠠᠭᠠᠷᠤᠲᠠᠢ ᠶ᠋ᠢᠨ ᠡᠩᠭᠡᠷ ᠢ᠋ ᠵᠣᠷᠢᠨ ᠮᠣᠷᠳᠠᠪᠠ᠃
ᠬᠤᠯᠤᠰᠤᠲᠠᠢ ᠶ᠋ᠢᠨ ᠠᠮᠠ ᠠ᠋ᠴᠠ ᠠᠭᠠᠷᠤᠲᠠᠢ ᠶ᠋ᠢᠨ ᠡᠩᠭᠡᠷ ᠬᠦᠷᠬᠦ ᠨᠢᠭᠡ ᠯᠨ ᠥᠨᠳᠡᠢᠯᠭᠡᠨ ᠦ᠌ ᠵᠠᠢᠲᠠᠢ ᠭᠠᠵᠠᠷ ᠪᠣᠯᠬᠣᠷ ᠵᠤᠳᠪᠠ ᠮᠡᠢᠷᠡᠨ ᠰᠥᠬᠥ ᠴᠠᠰᠤ ᠲᠠᠢ ᠵᠠᠮ ᠢ᠋ᠶ᠋ᠠᠷ ᠮᠣᠷᠢᠨ ᠤ᠋ ᠬᠤᠷᠳᠤ ᠶ᠋ᠢ ᠠᠪᠬᠤ ᠭᠡᠵᠦ ᠶᠠᠭᠠᠷᠠᠭᠰᠠᠨ ᠦᠭᠡᠢ ᠤᠨᠤᠭᠠᠨ ᠤ᠋ ᠪᠠᠨ ᠲᠠᠪᠠ ᠪᠠᠷ ᠬᠠᠵᠠᠭᠠᠷ ᠬᠠᠩᠭᠢᠨᠠᠭᠤᠯᠤᠨ ᠭᠠᠯᠭᠢᠭᠤᠯᠵᠤ ᠶᠠᠪᠤᠯ᠎ᠠ᠃
ᠬᠣᠨᠢᠨ ᠤ᠋ ᠡᠪᠦᠭᠡᠨ ᠦ᠌ ᠨᠡᠬᠡᠢ ᠳᠡᠪᠡᠯ ᠢ᠋ ᠡᠩᠭᠡᠷ ᠵᠤᠵᠠᠭᠠᠯᠠᠨ ᠨᠥᠮᠥᠷᠦᠭᠰᠡᠨ ᠤᠯᠠᠭᠠᠨ ᠬᠠᠳᠠ ᠲᠠᠢ ᠠᠭᠠᠷᠤᠲᠠᠢ ᠶ᠋ᠢᠨ ᠡᠩᠭᠡᠷ ᠶᠠᠭ ᠯᠠ ᠬᠥᠮᠥᠰᠬᠡ ᠰᠠᠬᠠᠯ ᠨᠢ ᠴᠠᠩᠲᠤᠵᠤ ᠬᠦᠢᠲᠡᠨ ᠳ᠋ᠦ᠍ ᠪᠡᠭᠡᠷᠡᠭᠰᠡᠨ ᠮᠠᠨᠠᠭᠠᠨ ᠤ᠋ ᠡᠪᠦᠭᠡᠨ ᠰᠢᠭ ᠪᠡᠭᠡᠪᠡᠢᠭᠡᠳ ᠭᠡᠷᠡᠯ ᠦᠭᠡᠢ ᠤᠯᠴᠠᠭᠠᠷ ᠨᠠᠷᠠᠨ ᠤ᠋ ᠲᠤᠶᠠᠭᠠᠨ ᠳ᠋ᠤ᠌ ᠪᠡᠶ᠎ᠡ ᠪᠡᠨ ᠡᠭᠡᠭᠡᠵᠦ ᠨᠣᠢᠷᠮᠤᠭᠯᠠᠨᠠ᠃
ᠮᠡᠯᠴᠡᠢᠭᠰᠡᠨ ᠴᠠᠰᠤ ᠲᠠᠢ ᠠᠭᠤᠳᠠᠮ ᠬᠥᠪᠴᠢ ᠶ᠋ᠢ ᠲᠤᠭᠤᠯᠵᠤ᠂ ᠡᠮᠡᠭᠡᠯ ᠬᠥᠲᠥᠯ ᠢ᠋ ᠳᠠᠪᠠᠵᠤ ᠭᠠᠷᠪᠠᠯ ᠴᠠᠰᠤᠨ ᠤ᠋ ᠬᠠᠷᠠᠤ ᠭᠠᠷᠭᠠᠵᠤ ᠱᠦᠭᠦᠷᠳᠡᠭᠰᠡᠨ ᠪᠥᠭᠡᠷᠡᠩᠬᠡᠢ ᠬᠠᠷ᠎ᠠ ᠭᠠᠵᠠᠷ ᠦᠵᠡᠭᠳᠡᠨ᠎ᠡ᠃ ᠲᠡᠷᠡ ᠨᠢ ᠮᠠᠨᠤᠨᠪᠠᠳᠮᠡ ᠶ᠋ᠢᠨ ᠬᠢ ᠮᠥᠨ᠃ ᠪᠠᠷᠠᠭᠤᠨ ᠲᠠᠯ᠎ᠠ ᠪᠠᠷ ᠢ᠋ᠶ᠋ᠠᠨ ᠠᠭᠠᠷᠤᠨ ᠬᠣᠵᠤᠤᠯ᠎ᠠ᠂ ᠬᠠᠢᠯᠠᠰᠤᠨ ᠲᠦᠯᠡᠭᠡ ᠲᠠᠢᠯᠳᠡᠭᠦᠦ ᠭᠠᠯᠲᠤᠰᠤ ᠤᠯᠢᠶᠠᠰᠤ ᠶ᠋ᠢᠨ ᠲᠦᠯᠡᠭᠡᠨ ᠦ᠌ ᠬᠤᠷᠢᠶᠠᠯᠲᠠ ᠶ᠋ᠢᠨ ᠨᠥᠮᠥᠷᠢ ᠪᠠᠢᠵᠤ ᠭᠤᠷᠪᠠ ᠳᠥᠷᠪᠡᠨ ᠮᠤᠩᠭᠤᠯ ᠭᠡᠷ ᠡᠭᠨᠡᠷᠠᠵᠤ ᠬᠡᠳᠦ ᠬᠡᠳᠦᠨ ᠲᠠᠰᠤᠯᠭ᠎ᠠ ᠰᠢᠯ ᠴᠣᠩᠬᠣ ᠲᠠᠢ ᠰᠢᠪᠠᠷ ᠪᠠᠢᠰᠢᠩ ᠵᠢᠭᠳᠡᠷᠠᠵᠤ ᠰᠠᠭᠤᠷᠢᠰᠢᠭᠰᠠᠨ ᠨᠢ ᠴᠠᠷᠢᠭᠤᠨ ᠠᠮᠢᠰᠠᠬᠤᠭᠠ ᠲᠠᠢ ᠠᠢᠯ ᠭᠡᠭᠴᠢ ᠪᠣᠯᠬᠤ ᠨᠢ ᠬᠣᠯᠠ ᠠ᠋ᠴᠠ ᠬᠠᠷᠠᠮᠠᠭᠴᠠ ᠲᠠᠨᠢᠭᠳᠠᠨ᠎ᠠ᠃
ᠡᠮᠡᠭᠡᠯ ᠬᠥᠲᠥᠯ ᠦ᠋ᠨ ᠳᠣᠪᠣᠷᠴᠠᠭ ᠢ᠋ ᠳᠠᠪᠠᠵᠤ ᠴᠠᠰᠤᠨ ᠵᠥᠷᠢᠭ ᠢ᠋ᠶ᠋ᠡᠷ ᠨᠢᠭᠡ ᠮᠣᠷᠢᠲᠠᠨ ᠱᠣᠪᠤᠯᠵᠠᠵᠤ ᠢᠷᠡᠬᠦ ᠶ᠋ᠢ ᠲᠡᠷᠡ ᠤᠯᠠᠭᠠᠨ ᠬᠠᠲᠠᠲᠠᠢ ᠠᠭᠠᠷᠤᠲᠠᠢ ᠱᠤᠷᠤᠩ ᠣᠷᠣᠢ ᠶ᠋ᠢᠨ ᠲᠣᠯᠣᠭᠠᠢ ᠳ᠋ᠤ᠌ ᠵᠣᠭᠰᠣᠭᠰᠠᠨ ᠮᠠᠨᠠᠭᠠᠨ ᠤ᠋ ᠴᠡᠷᠢᠭ ᠳᠤᠷᠠᠨᠳᠠᠵᠤ ᠠᠪᠤᠭᠠᠳ 《ᠬᠥᠮᠦᠨ ᠢᠷᠡᠯ᠎ᠡ》 ᠭᠡᠰᠡᠨ ᠴᠢᠮᠡᠭᠡ ᠶ᠋ᠢ ᠡᠭᠦᠷᠴᠦ ᠬᠣᠩᠭᠢᠯ ① ᠰᠢᠷᠭᠤᠨ ᠭᠦᠶᠦᠪᠡ᠃
ᠵᠤᠳᠪᠠ ᠮᠡᠢᠷᠡᠨ ᠢ᠋ ᠤᠶᠠᠭᠠᠨ ᠳᠡᠭᠡᠷ᠎ᠡ ᠨᠣᠬᠠᠢ ᠱᠤᠤᠬᠢᠭᠤᠯᠵᠤ ᠪᠠᠭᠤᠬᠤ ᠳ᠋ᠤ᠌ ᠬᠡᠳᠦ ᠬᠡᠳᠦᠨ ᠫᠤᠤ ᠠᠭᠰᠠᠭᠰᠠᠨ ᠴᠡᠷᠢᠭ ᠬᠦᠷᠢᠶᠡᠨ ᠦ᠌ ᠠᠮᠠ ᠶ᠋ᠢ ᠰᠠᠬᠢᠵᠤ ᠵᠣᠭᠰᠣᠭᠰᠠᠨ ᠪᠠᠢᠯ᠎ᠠ᠃
ᠵᠤᠳᠪᠠ ᠮᠡᠢᠷᠡᠨ ᠦ᠌ ᠢᠷᠡᠵᠦ ᠶᠠᠪᠤᠭ᠎ᠠ ᠶ᠋ᠢ ᠲᠠᠨᠢᠭᠰᠠᠨ ᠥᠨᠥᠬᠢ ᠴᠡᠷᠢᠭ ᠦᠳ ᠫᠤᠤ ᠪᠠᠨ ᠬᠤᠷᠢᠶᠠᠵᠤ ᠲᠡᠭᠦᠨ ᠲᠡᠢ ᠮᠡᠲᠦ ᠮᠡᠳᠡᠪᠠ᠃
ᠵᠤᠳᠪᠠ ᠮᠡᠢᠷᠡᠨ ᠮᠠᠨᠤᠨᠪᠠᠳᠮ᠎ᠠ ᠬᠥᠭᠰᠢᠨ ᠲᠡᠢ ᠴᠠᠭᠠᠯᠠᠬᠤ ᠪᠠᠷ ᠶᠠᠪᠤᠭ᠎ᠠ ᠨᠢ ᠡᠨᠡ ᠠᠵᠢ᠃
— ᠵᠠ ᠠᠮᠤᠭᠤᠯᠠᠩ ?
— ᠠᠮᠤᠭᠤᠯᠠᠩ !
— ᠠᠮᠤᠭᠤᠯᠠᠩ ᠰᠠᠢᠬᠠᠨ ᠴᠠᠭᠠᠯᠠᠵᠤ ᠪᠠᠢᠨ᠎ᠠ ᠤᠤ?
— ᠵᠠ᠂ ᠲᠠ ᠰᠠᠢᠨ ᠤᠤ ? ᠰᠠᠢᠨ ᠰᠢᠨᠠᠯᠠᠪᠠ ᠤᠤ? ᠵᠠᠮ ᠳ᠋ᠠᠭᠠᠨ ᠵᠦᠳᠡᠷᠡᠪᠡ ᠤᠤ ?
— ᠭᠠᠢᠭᠤᠢ᠂ ᠭᠠᠢᠭᠤᠢ᠂ ᠡᠨᠡᠭᠦᠬᠡᠨ ᠬᠣᠭᠣᠷᠣᠨᠳᠣ ᠭᠡᠵᠦ ᠵᠤᠳᠪᠠ ᠲᠡᠭᠦᠨ ᠢ᠋ ᠡᠭᠦᠳᠡᠨ ᠳᠡᠭᠡᠷ᠎ᠡ ᠲᠣᠰᠴᠤ ᠭᠠᠷᠤᠭᠰᠠᠨ ᠬᠥᠮᠦᠰ ᠲᠡᠢ ᠠᠮᠤᠷ ᠮᠡᠨᠳᠣ ᠮᠡᠳᠡᠯᠴᠡᠨ ᠭᠣᠣᠯ ᠭᠡᠷ ᠲᠦ᠍ ᠮᠠᠨᠤᠨᠪᠠᠳᠮ᠎ᠠ ᠬᠥᠭᠰᠢᠨ ᠲᠡᠢ ᠵᠣᠯᠭᠠᠬᠤ ᠪᠠᠷ ᠣᠷᠣᠯ᠎ᠠ᠃ ᠵᠤᠳᠪᠠ ᠭᠡᠷ ᠲᠦ᠍ ᠣᠷᠣᠮᠠᠭᠴᠠ ᠬᠠᠨᠵᠤᠨ ᠤ᠋ ᠬᠣᠢᠮᠤᠷ ᠵᠢᠱᠢᠭᠦᠯᠳᠡᠵᠤ ᠴᠤᠮᠴᠤᠢᠭᠰᠠᠨ ᠵᠣᠭᠣᠰᠤᠨ ᠬᠡ ᠲᠡᠢ ᠬᠥᠬᠡ ᠬᠣᠷᠭᠣᠢ ᠲᠡᠷᠯᠢᠭ ᠲᠡᠢ ᠮᠠᠨᠤᠨᠪᠠᠳᠮ᠎ᠠ ᠬᠥᠭᠰᠢᠨ ᠲᠡᠢ ᠬᠥᠬᠦᠦᠷ ᠬᠠᠳᠠᠭ ᠪᠠᠷᠢᠨ ᠵᠣᠯᠭᠠᠨ ᠴᠠᠭᠠᠨ ᠰᠠᠷ᠎ᠠ ᠶ᠋ᠢᠨ ᠮᠡᠨᠳᠦ ᠪᠠᠷᠢᠪᠠ᠃
— ᠵᠠ᠂ ᠨᠠᠰᠤᠲᠠᠢ ᠪᠡᠷᠭᠡᠨ ᠦ᠌ ᠪᠡᠶ᠎ᠡ ᠯᠠᠭᠱᠠᠨ ᠲᠤᠩᠭᠠᠯᠠᠭ ?
— ᠶᠠᠭᠠᠬᠢᠬᠤ ᠪᠣᠢ ? ᠪᠦᠷ ᠰᠠᠢᠨ ? ᠵᠠᠮ ᠳ᠋ᠠᠭᠠᠨ ᠴᠢᠯᠡᠪᠡ ᠤᠤ? ᠭᠠᠢᠭᠤᠢ ᠤᠤ ?
— ᠭᠠᠢᠭᠤᠢ ᠭᠠᠢᠭᠤᠢ᠂ ᠵᠢᠯ ᠦ᠋ᠨ ᠥᠩᠭᠡ ᠰᠠᠢᠨ ? ᠬᠡᠷ ᠬᠣᠲᠠᠯᠠᠭᠠᠷ ᠢ᠋ᠶ᠋ᠠᠨ ᠰᠠᠢᠨ ᠰᠠᠢᠬᠠᠨ ᠤᠤ ?
— ᠪᠦᠷ ᠰᠠᠢᠨ᠂ ᠪᠦᠷ ᠰᠠᠢᠨ ? ᠡᠢᠰᠢ ᠪᠡᠨ ᠴᠠᠰᠤ ᠵᠤᠵᠠᠭᠠᠨ? ᠮᠠᠯ ᠤ᠋ᠨ ᠬᠦᠴᠦ ᠲᠠᠷᠭᠤ ᠴᠤ᠌ ᠰᠠᠢᠨ ?
— ᠭᠠᠢᠭᠤᠢ ᠳᠠ᠂ ᠬᠥᠭᠡᠷᠦᠬᠦᠢ! ᠡᠨᠡ ᠴᠠᠰᠳ ᠳᠤ ᠮᠠᠯ ᠤ᠋ᠨ ᠬᠦᠴᠦ ᠲᠠᠷᠭᠤ ᠴᠤ᠌ ᠮᠥᠨ ᠥᠶᠥᠭ ᠯᠡ ᠪᠠᠢᠨ᠎ᠠ᠃ ᠵᠠ ᠬᠠᠯᠠᠭᠤᠨ ᠴᠠᠢ ᠤᠤᠭᠤ! ᠭᠠᠳᠠᠨ᠎ᠠ ᠴᠠᠰᠤᠨ ᠤ᠋ ᠵᠢᠩ ᠳ᠋ᠦ᠍ ᠲᠡᠭᠷᠢ ᠳᠠᠩᠬᠢᠨᠠᠭᠤᠨ ᠪᠠᠢᠬ᠎ᠠ ᠠ᠋ ! ᠲᠠᠭᠠᠷᠠᠭᠰᠠᠨ ᠪᠠᠢᠯᠭᠦᠢ ! ᠭᠡᠵᠤ ᠮᠠᠨᠤᠨᠪᠠᠳᠮ᠎ᠠ ᠵᠤᠳᠪᠠ ᠶ᠋ᠢ 《ᠢᠳᠡ ᠤᠤᠭᠤ!》 ᠭᠡᠵᠦ ᠭᠡᠢᠴᠢᠨ ᠦ᠌ ᠰᠢᠷᠡᠭᠡᠨ ᠳ᠋ᠦ᠍ ᠦᠷᠥᠭᠰᠡᠨ ᠲᠠᠩᠰᠤᠭ ᠢᠳᠡᠭᠡᠨ ᠢ᠋ ᠵᠢᠭᠠᠨ᠎ᠠ᠃
ᠭᠡᠢᠴᠢᠨ ᠦ᠌ ᠪᠣᠭᠣᠷᠰᠣᠭ ᠭᠡᠵᠦ ᠰᠢᠷᠡᠭᠡᠨ ᠳᠡᠭᠡᠷ᠎ᠡ ᠵᠢᠩᠰᠡ ᠰᠡᠲᠡᠷ ᠲᠡᠢ ᠣᠪᠣᠭ᠎ᠠ ᠰᠢᠭ᠋ ᠶᠡᠭᠡᠭᠡᠨ ᠲᠠᠪᠠᠭ ᠲᠤ᠌ ᠪᠣᠭᠣᠷᠰᠣᠭ ᠢ᠋ ᠤᠷᠠᠯᠠᠵᠤ ᠣᠪᠣᠭ᠎ᠠ ᠰᠢᠭ᠋ ᠪᠤᠮᠪᠠᠯᠠᠨ ᠥᠷᠥᠵᠦ ᠳᠡᠭᠡᠭᠦᠷ ᠨᠢ ᠰᠢᠬᠢᠷ᠂ ᠴᠢᠪᠠᠭ᠎ᠠ᠂ ᠬᠠᠲᠠᠭᠠᠭᠰᠠᠨ ᠥᠷᠥᠮ᠎ᠡ᠂ ᠬᠤᠷᠤᠳ ᠵᠡᠷᠭᠡ ᠶ᠋ᠢ ᠵᠢᠮᠰᠡᠭᠯᠡᠭᠦᠯᠦᠨ ᠵᠡᠷᠭᠡᠯᠡᠵᠦ᠂ ᠬᠠᠮᠤᠭ ᠤ᠋ᠨ ᠭᠣᠣᠯ ᠳ᠋ᠤᠨᠢ ᠨᠢᠳᠤᠷᠭᠠᠨ ᠴᠢᠨᠡᠭᠡ ᠰᠢᠷ᠎ᠠ ᠮᠥᠰᠥᠨ ᠰᠢᠬᠢᠷ ᠢ᠋ ᠵᠢᠩᠰᠠᠯᠠᠵᠤ ᠲᠠᠯᠪᠢᠭᠰᠠᠨ ᠨᠢ ᠳᠠᠷᠤᠢ ᠡᠨᠡ ᠭᠡᠷ ᠦ᠋ᠨ ᠵᠢᠯ ᠴᠠᠭᠠᠨ ᠰᠠᠷ᠎ᠠ ᠶ᠋ᠢᠨ ᠥᠩᠭᠡ ᠵᠢᠰᠦ ᠶ᠋ᠢ ᠬᠤᠷᠢᠶᠠᠩᠭᠤᠢᠯᠠᠭᠰᠠᠨ ᠵᠠᠭᠪᠤᠷ ᠰᠢᠭ᠋ ᠬᠥᠮᠦᠰ ᠲᠦ᠍ ᠰᠠᠨᠠᠭᠳᠠᠭᠤᠯᠤᠨ᠎ᠠ᠃ ᠲᠡᠷᠡ《ᠵᠢᠩᠰᠡᠲᠦ ᠣᠪᠣᠭᠠᠨ》 ᠤ᠋ ᠬᠠᠵᠠᠭᠤ ᠪᠠᠷ ᠠᠯᠲᠠᠨ ᠬᠡ ᠲᠡᠢ ᠮᠤᠳᠤᠨ ᠪᠠᠭᠪᠤᠷ ᠲᠤ᠌ ᠬᠠᠭᠤᠷᠤᠭᠰᠠᠨ ᠪᠤᠳᠠᠭ᠎ᠠ᠂ ᠪᠠᠰᠠ ᠰᠤᠯᠠ ᠦᠷᠦᠭᠰᠡᠨ ᠨᠢᠩ ᠪᠣᠭᠣᠷᠰᠣᠭ᠂ ᠵᠢᠵᠢᠭ ᠲᠠᠪᠠᠭ ᠲᠤ᠌ ᠰᠢᠷ᠎ᠠ ᠲᠣᠰᠣ᠂ ᠥᠷᠥᠮ᠎ᠡ᠂ ᠪᠤᠷᠠᠮ ᠱᠠᠲᠠᠩ᠂ ᠠᠭᠠᠷᠤᠤᠯ ᠬᠤᠷᠤᠳ᠂ ᠪᠠᠰᠠ ᠭᠠᠯ ᠤ᠋ᠨ ᠬᠡᠰᠢᠭ ② ᠂ ᠰᠢᠬᠢᠷ ᠴᠢᠪᠠᠭ᠎ᠠ᠂ ᠬᠣᠷᠭᠣᠯ ᠪᠣᠭᠣᠷᠰᠣᠭ ᠵᠡᠷᠭᠡ ᠢᠳᠡᠭᠡᠨ ᠦ᠌ ᠵᠦᠢᠯ ᠦ᠋ᠨ ᠪᠠᠶᠠᠨ ᠲᠠᠷᠭᠤᠨ ᠠᠭᠰᠠᠨ ᠢ᠋ ᠰᠢᠨ᠎ᠡ ᠶ᠋ᠢᠨ ᠭᠡᠢᠴᠢᠳ ᠦᠵᠡᠭᠡᠳ ᠨᠢᠳᠦ ᠪᠡᠶᠡᠰᠴᠦ ᠬᠠᠷᠠᠭᠠᠳ ᠰᠡᠳᠬᠢᠯ ᠴᠠᠳᠳᠠᠭ ᠠᠵᠢ᠃ ᠥᠯᠥᠰᠬᠦᠯᠡᠩ ᠦ᠋ᠨ ᠲᠠᠮᠤ ᠶ᠋ᠢ ᠶᠡᠷᠦ ᠡᠴᠡ ᠠᠮᠲᠠᠯᠠᠵᠤ ᠦᠵᠡᠭᠡ ᠦᠭᠡᠢ ᠵᠤᠳᠪᠠ ᠳ᠋ᠤ᠌ ᠡᠨᠡ ᠪᠦᠬᠦᠨ ᠨᠢ ᠪᠦᠷ ᠢᠯᠡᠭᠦᠴᠡ ᠶᠠᠭᠤᠮ᠎ᠠ ᠰᠢᠭ᠋ ᠰᠠᠨᠠᠭᠳᠠᠵᠤ ᠭᠡᠷ ᠦ᠋ᠨ ᠡᠵᠡᠨ ᠦ᠌ ᠬᠢᠨᠢ ᠰᠠᠢᠷᠬᠠᠬᠤ ᠰᠡᠳᠬᠢᠯ ᠢ᠋ ᠬᠣᠨᠵᠢᠬᠤ ᠨᠢ ᠶᠠᠭᠤᠨ ᠠ᠋ᠴᠠ ᠴᠤ᠌ ᠢᠯᠡᠭᠦᠦ ᠮᠡᠲᠦ ᠪᠣᠳᠣᠭᠳᠠᠨ᠎ᠠ᠃
ᠰᠢᠨ᠎ᠡ ᠶ᠋ᠢᠨ ᠴᠠᠢ ᠠᠮᠰᠠᠭᠠᠳ ᠵᠤᠳᠪᠠ᠄
— ᠪᠡᠷᠭᠡᠨ ᠠ᠋᠂ ᠰᠠᠪᠠ ᠭᠡᠳ ᠱᠤᠤᠮᠠᠰᠠ ᠪᠠᠨ ᠣᠩᠭᠣᠢᠯᠭᠠᠨ ᠰᠠᠪᠠ ᠪᠠᠨ ᠲᠠᠯᠪᠢᠬᠤ ᠪᠠᠷ ᠵᠦᠭᠯᠡᠭᠦᠯᠦᠨᠠ᠃
— ᠠᠢ ᠳᠠ᠂ ᠶᠠᠭᠤ ᠬᠢᠬᠦ ᠪᠣᠢ ᠳᠠ ! ᠭᠡᠳ ᠴᠠᠭᠠᠰᠢ 《ᠬᠡᠦᠬᠡ ᠠ᠋ ! ᠰᠠᠪᠠ 》 ᠭᠡᠵᠦ ᠠᠷᠢᠬᠢ ᠬᠤᠨᠳᠠᠭᠠᠯᠠᠭᠰᠠᠨ ᠵᠠᠷᠤᠴᠠ ᠥᠬᠢᠨ ᠢ᠋ ᠲᠣᠬᠢᠪᠠᠯ ᠲᠡᠷᠡ ᠥᠬᠢᠨ ᠠᠯᠲᠠᠨ ᠬᠡ ᠲᠡᠢ ᠮᠣᠳᠣᠨ ᠫᠢᠯᠠ ᠳᠣᠲᠣᠷ᠎ᠠ ᠰᠢᠬᠢᠷ ᠴᠢᠪᠠᠭᠠᠨ ᠤ᠋ ᠵᠦᠢᠯ ᠢ᠋ ᠲᠣᠰᠣᠭᠠᠨ ᠵᠤᠳᠪᠠ ᠶ᠋ᠢᠨ ᠡᠮᠦᠨ᠎ᠡ ᠲᠠᠯᠪᠢᠵᠤ ᠥᠭᠪᠡ᠃
ᠳᠥᠷᠪᠡᠨ ᠳᠤᠭᠤᠢ ᠪᠣᠭᠣᠷᠰᠣᠭ᠂ ᠳᠡᠭᠡᠷ᠎ᠡ ᠨᠢ ᠤᠯᠠᠭᠠᠨ ᠵᠢᠩᠰᠠ ᠲᠠᠢ ᠪᠣᠭᠣᠳᠠᠯ᠂ ᠴᠠᠢ ᠶ᠋ᠢᠨ ᠰᠢᠭᠦᠰᠦ ᠶ᠋ᠢ ᠮᠣᠳᠣᠨ ᠫᠢᠯᠠ ᠳᠡᠭᠡᠷ᠎ᠡ ᠳᠦᠷᠢᠮᠯᠡᠨ ᠲᠠᠯᠪᠢᠵᠤ ᠵᠡᠰ ᠱᠠᠬᠤᠤ ᠲᠠᠢ ᠴᠠᠢ ᠠ᠋ᠴᠠ ᠰᠠᠪᠠ ᠳᠡᠭᠡᠷ᠎ᠡ ᠪᠡᠨ ᠶᠠᠯᠢ ᠦᠭᠡᠢ ᠲᠣᠰᠣᠭᠠᠨ ᠲᠥᠰᠦᠷᠭᠡᠭᠡᠳ ᠰᠢᠬᠢᠷ ᠴᠢᠪᠠᠭ᠎ᠠ ᠶ᠋ᠢᠨ ᠵᠦᠢᠯ ᠢ᠋ ᠳᠡᠭᠡᠷ᠎ᠡ ᠨᠢ ᠶᠠᠩᠵᠤᠯᠠᠭᠠᠳ ᠬᠣᠶᠠᠷ ᠭᠠᠯᠠᠭᠤᠨ ᠬᠦᠵᠦᠭᠦᠲᠦ ᠰᠤᠨᠳᠠᠯᠠᠭᠤᠯᠤᠨ 《ᠵᠠ᠂ ᠪᠡᠷᠭᠡᠨ ᠠ᠋ ! 》 ᠭᠡᠵᠦ ᠳᠡᠪᠰᠢᠭᠦᠯᠦᠨ ᠡᠷᠭᠦᠭᠰᠡᠨ ᠢ᠋ᠶ᠋ᠡᠨ ᠥᠪᠡᠷ ᠲᠦ᠋ᠨᠢ 《ᠨᠠᠨᠵᠢᠩ ᠲᠣᠷᠭ᠎ᠠ》 ᠭᠡᠵᠦ ᠳᠡᠪᠡᠯ ᠦ᠋ᠨ ᠲᠣᠷᠭ᠎ᠠ ᠪᠠᠷᠢᠭᠰᠠᠨ ᠢ᠋ ᠮᠠᠨᠤᠨᠪᠠᠳᠮ᠎ᠠ ᠬᠥᠭᠰᠢᠨ ᠬᠣᠶᠠᠷ ᠭᠠᠷ ᠢ᠋ᠶ᠋ᠠᠷ ᠲᠣᠰᠴᠤ ᠠᠪᠤᠯ᠎ᠠ᠃
ᠰᠢᠨ᠎ᠡ ᠶ᠋ᠢᠨ ᠠᠷᠢᠬᠢ ᠭᠡᠵᠦ ᠬᠣᠢᠨ᠎ᠠ ᠬᠣᠢᠨ᠎ᠠ ᠠ᠋ᠴᠠ ᠭᠤᠷᠪᠠ ᠵᠠᠰᠠᠭᠳᠠᠵᠤ᠂ ᠮᠥᠩᠭᠥᠨ ᠬᠢᠷ᠎ᠠ ᠲᠠᠢ ᠭᠠᠤᠯᠢᠨ ᠲᠠᠪᠠᠭ ᠲᠤ᠌ ᠵᠡᠷᠭᠡᠯᠡᠭᠰᠡᠨ 《ᠪᠣᠯᠵᠤᠮᠤᠷ ᠪᠤᠤᠰᠠ》③ ᠶ᠋ᠢ ᠠᠭᠤᠷ ᠰᠠᠪᠰᠠᠭᠤᠯᠤᠭᠰᠠᠭᠠᠷ ᠵᠤᠳᠪᠠ ᠶ᠋ᠢᠨ ᠡᠮᠦᠨ᠎ᠡ ᠲᠠᠯᠪᠢᠪᠠ᠃ ᠰᠢᠨ᠎ᠡ ᠶ᠋ᠢᠨ ᠬᠣᠭᠣᠯᠠ ᠠᠮᠰᠠᠵᠤ ᠵᠠᠪᠳᠤᠪᠠ ᠤᠤ ᠦᠭᠡᠢ ᠤᠤ ᠴᠤᠭᠪᠠᠭᠠᠲᠤᠷ ᠣᠷᠣᠵᠤ ᠢᠷᠡᠪᠡ᠃ ᠥᠴᠥᠭᠡᠳᠦᠷ ᠦ᠋ᠨ ᠦᠭᠡᠢ ᠪᠤᠭᠤᠲᠤ ᠣᠷᠣᠵᠤ ᠠᠲᠠᠷ ᠬᠠᠭᠠᠯᠪᠤᠷᠢᠯᠠᠳᠠᠭ ᠸᠠᠩ ᠲᠣᠪᠴᠢᠶᠠᠨ ᠳᠠᠷᠤᠭ᠎ᠠ ᠳ᠋ᠤ᠌ ᠴᠠᠭᠠᠨ ᠰᠠᠷ᠎ᠠ ᠶ᠋ᠢᠨ ᠮᠡᠨᠳᠦ ᠪᠠᠷᠢᠴᠢᠬᠠᠭᠠᠳ ᠵᠠᠮ ᠳ᠋ᠠᠭᠠᠨ ᠤᠯᠠᠭᠠᠨ ᠬᠤᠳᠳᠤᠭ ᠲᠤ᠌ ᠪᠠᠢᠳᠠᠭ ᠨᠠᠰᠤᠨᠴᠠᠴᠡᠭ ᠦ᠋ᠨ ᠬᠢ ᠪᠡᠷ ᠬᠣᠨᠣᠭᠠᠳ ᠪᠤᠴᠠᠵᠤ ᠢᠷᠡᠭᠡ ᠨᠢ ᠡᠨᠡ᠃
ᠴᠤᠬᠪᠠᠭᠠᠲᠤᠷ ᠬᠠᠷᠢᠵᠤ ᠢᠷᠡᠭᠰᠡᠨ ᠪᠣᠯᠬᠣᠷ ᠵᠤᠳᠪᠠ ᠮᠡᠢᠷᠡᠨ ᠢ᠋ ᠵᠦᠭᠡᠷ ᠲᠠᠯᠪᠢᠨ᠎ᠠ ᠤᠤ ᠳᠡ ! ᠠᠷᠢᠬᠢᠨ ᠤ᠋ ᠵᠠᠭᠤᠰᠢ ᠡᠨᠡ ᠲᠡᠷᠡ᠂ ᠬᠠᠭᠤᠷᠤᠯᠭ᠎ᠠ ᠬᠠᠭᠠᠷᠢᠯᠭ᠎ᠠ ᠭᠡᠳ ᠬᠡᠩᠰᠢᠭᠦᠦ ᠬᠢᠷᠪᠤᠰᠤ ᠦᠨᠦᠷᠲᠦᠭᠦᠯᠦᠨ ᠭᠠᠯ ᠲᠣᠭᠣᠭᠠᠨ ᠤ᠋ ᠬᠥᠮᠦᠰ ᠢ᠋ ᠪᠤᠵᠢᠭᠢᠨᠠᠭᠤᠯᠪᠠ᠃ ᠭᠡᠢᠴᠢᠨ ᠦ᠌ 《ᠵᠢᠩᠰᠡᠲᠦ ᠣᠪᠣᠭ᠎ᠠ》 ᠪᠣᠭᠣᠷᠰᠣᠭ ᠵᠡᠷᠭᠡ ᠶ᠋ᠢ ᠰᠢᠷᠡᠭᠡᠨ ᠡᠴᠡ ᠲᠠᠷᠬᠠᠭᠯᠠᠵᠤ ᠪᠤᠷᠬᠠᠨ ᠤ᠋ ᠡᠮᠦᠨ᠎ᠡ ᠶᠠᠩᠵᠤᠯᠠᠵᠤ ᠲᠠᠯᠪᠢᠪᠠ᠃ ᠠᠷᠢᠬᠢᠨ ᠤ᠋ ᠰᠢᠷᠡᠭᠡ ᠰᠢᠨ᠎ᠡ ᠪᠡᠷ ᠵᠠᠰᠠᠭᠳᠠᠵᠤ ᠴᠤᠭᠪᠠᠭᠠᠲᠤᠷ ᠨᠣᠶᠠᠨ ᠳ᠋ᠤ᠌ ᠴᠠᠭᠠᠯᠠᠬᠤ ᠪᠠᠷ ᠢᠷᠡᠭᠰᠡᠨ ᠬᠥᠩᠬᠥᠷ ᠵᠠᠮᠪᠠᠯ᠂ ᠰᠤᠯᠤᠭᠠᠢ ᠨᠠᠮᠵᠢᠯ᠂ ᠵᠢᠭᠠᠬᠠᠨ ᠠᠶᠤᠷ᠂ ᠪᠠᠰᠠ ᠬᠡᠳᠦ ᠬᠡᠳᠦᠨ ᠴᠡᠷᠢᠭ ᠦ᠋ᠨ ᠲᠦᠷᠦᠭᠦᠴᠦᠳ ᠴᠦ᠍ ᠳᠠᠢᠯᠠᠯᠭ᠎ᠠ ᠳ᠋ᠤ᠌ ᠰᠠᠭᠤᠵᠤ ᠨᠢᠭᠡ ᠨᠢᠭᠡᠨ ᠢ᠋ᠶ᠋ᠡᠨ ᠡᠷᠭᠦᠨ ᠮᠠᠭᠲᠠᠵᠤ ᠨᠠᠷᠠ ᠬᠡᠯᠪᠡᠢᠲᠡᠯ᠎ᠡ ᠵᠠᠭᠤᠷᠠᠯᠳᠤᠪᠠ᠃ ᠸᠠᠩ ᠰᠣᠬᠣᠷ ᠠ᠋ᠴᠠ ᠱᠤᠮᠠᠭᠰᠠᠨ ④ ᠨᠣᠶᠠᠨ ᠰᠢᠰᠢ ᠶ᠋ᠢᠨ ᠨᠡᠷᠡᠮᠡᠯ ᠠᠷᠢᠬᠢ ᠭᠡᠭᠴᠢ ᠪᠠᠰᠠ ᠠᠷᠭ᠎ᠠ ᠦᠭᠡᠢ ᠬᠠᠲᠠᠭᠤ ᠡᠳ᠋ ! ᠲᠠᠭ ᠢ᠋ ᠨᠢ ᠵᠠᠳᠠᠯᠬᠤ ᠲᠠᠢ ᠵᠡᠷᠭᠡ ᠰᠠᠩ ᠬᠢᠲᠡᠯ᠎ᠡ ᠬᠠᠮᠠᠷ ᠴᠣᠷᠭᠢᠵᠤ᠂ ᠣᠭᠣᠴᠢᠬᠤ ᠳ᠋ᠤ᠌ ᠲᠠᠩᠨᠠᠢ ᠬᠠᠭᠠᠷᠢᠮ᠎ᠠ ᠰᠢᠷᠦᠭᠦᠨ ᠬᠠᠷᠠᠭᠤᠨ᠃ ᠤᠤᠭᠤᠭᠰᠠᠨ ᠬᠣᠢᠨ᠎ᠠ ᠪᠠᠨ ᠤᠳᠠᠬᠤ ᠦᠭᠡᠢ ᠶᠠᠰᠤᠨ ᠠ᠋ᠴᠠ ᠬᠥᠯᠥᠰᠥ ᠴᠢᠬᠠᠷᠠᠵᠤ ᠪᠡᠶ᠎ᠡ ᠲᠠᠯᠪᠢᠭᠤᠷᠠᠳᠠᠭ᠃ ᠬᠦᠢᠲᠡᠨ ᠦ᠌ ᠴᠠᠭ ᠲᠤ᠌ ᠡᠳ᠋ᠯᠡᠵᠦ ᠰᠠᠭᠤᠬᠤ ᠳ᠋ᠤ᠌ ᠪᠠᠰᠠ ᠳᠣᠷᠢᠭᠤᠨ ᠶᠤᠮ ᠠ᠋! ᠡᠢᠨ ᠬᠦ᠌ ᠭᠠᠯᠠᠭᠤᠨ ᠬᠦᠵᠦᠭᠦᠳᠡᠢ ᠭᠠᠰᠢᠭᠤᠨ ᠬᠠᠷ᠎ᠠ ᠲᠠᠢ ᠲᠠᠰᠤᠯᠴᠡᠬᠦ ᠡᠷ᠎ᠡ ᠬᠡᠳᠦ ᠪᠠᠢᠨ᠎ᠠ ᠪᠣᠢ ? ᠤᠳᠠᠭᠰᠠᠨ ᠦᠭᠡᠢ ᠵᠠᠷᠢᠮ ᠨᠢ ᠬᠡᠯᠡ ᠠᠮᠠ ᠨᠢ ᠮᠤᠷᠤᠯᠵᠠᠬᠤ ᠪᠣᠯᠪᠠᠴᠤ ᠬᠡᠯᠡᠮᠡᠭᠡᠢ ᠪᠡᠷᠬᠢᠷᠡᠮᠡᠳᠠᠭᠠᠢ ᠪᠣᠯᠤᠭᠰᠠᠨ ᠢ᠋ ᠬᠡᠯᠡᠬᠦ ᠦᠭᠡᠢ᠂ ᠬᠡᠯᠲᠡᠭᠡᠢ ᠬᠠᠵᠠᠭᠠᠢ ᠭᠢᠰᠬᠢᠵᠦ ᠬᠡᠪ ᠶᠠᠩᠵᠤ ᠪᠠᠨ ᠠᠯᠳᠠᠵᠤ ᠨᠣᠤᠷᠠᠯᠳᠤᠭᠰᠠᠭᠠᠷ ᠪᠠᠢᠵᠤ ᠲᠠᠷᠬᠠᠪᠠ᠃
ᠠᠷᠢᠬᠢᠨ ᠳ᠋ᠤ᠌ ᠬᠡᠳᠦᠢ ᠳᠤᠷ᠎ᠠ ᠲᠠᠢ ᠪᠣᠯᠪᠠᠴᠤ ᠬᠡᠮᠵᠢᠶ᠎ᠡ ᠯᠠᠮᠵᠢᠶᠠ ᠪᠠᠨ ᠠᠯᠳᠠᠳᠠᠭ ᠦᠭᠡᠢ ᠬᠢᠷᠢᠳᠡᠢᠭᠡᠨ ᠡᠵᠡᠮᠳᠡᠵᠦ ᠴᠢᠳᠠᠳᠠᠭ ᠵᠤᠳᠪᠠ ᠶᠠᠭᠤᠨ ᠳ᠋ᠤ᠌ ᠰᠣᠭᠲᠣᠵᠤ ᠡᠳᠠᠨᠤᠰ ᠰᠢᠭ ᠫᠡᠯᠠᠷᠠᠩ ᠢ᠋ᠶ᠋ᠠᠨ ᠬᠠᠶᠠᠵᠤ ᠶᠠᠪᠤᠬᠤ ᠪᠣᠢ᠃ ᠬᠥᠮᠦᠰ ᠦ᠋ᠨ ᠬᠡᠯᠡ ᠤᠯᠠ ᠠ᠋ᠴᠠ ᠵᠠᠢᠯᠠᠵᠤ ᠴᠤᠬᠪᠠᠭᠠᠲᠤᠷ ᠤ᠋ᠨ ᠬᠤᠨᠤᠳᠠᠭ ᠥᠷᠥᠭᠡᠨ ᠳ᠋ᠦ᠍ ᠰᠢᠷᠭᠤᠵᠤ ᠬᠣᠶᠠᠭᠤᠯᠠ ᠳᠡᠷᠡ ᠶ᠋ᠢᠨ ᠱᠠᠲᠤ ⑤ ᠲᠡᠪᠡᠷᠢᠨ ᠬᠠᠵᠠᠭᠤᠯᠠᠪᠠ᠃
ᠵᠤᠳᠪᠠ ᠤᠷᠲᠤ ᠭᠠᠩᠰᠠ ᠵᠠᠭᠤᠵᠤ᠄
— ᠵᠠ᠂ ᠴᠤᠭᠪᠠᠭᠠᠲᠤᠷ ᠨᠣᠶᠠᠨ ᠤ᠋ ᠣᠬᠢ ᠰᠠᠢᠨ ᠬᠠᠷ᠎ᠠ ᠲᠠᠮᠠᠬᠢᠨ ᠠ᠋ᠴᠠ ᠠᠮᠰᠠᠶ᠎ᠠ ᠬᠦ ! ᠮᠠᠭᠤ ᠰᠠᠢᠨ ᠰᠢᠭᠠᠷᠤ ᠬᠣᠰᠤᠮ ᠰᠢᠭ᠋ ᠬᠡᠦᠷᠰᠢᠭᠰᠡᠨ ᠠᠮᠲᠠ ᠲᠠᠢ ᠶᠠᠭᠤᠮ᠎ᠠ ᠶ᠋ᠢ ᠴᠦ᠍ ᠪᠣᠯ ᠦᠨᠦᠷᠯᠡᠬᠦ ᠦᠭᠡᠢ ᠠ᠋ ! ᠭᠡᠵᠦ ᠨᠠᠩᠴᠢᠳ ᠤ᠋ᠨ ᠬᠠᠯᠠᠰᠠᠭᠤᠨ ᠳ᠋ᠠᠭᠠᠨ ᠵᠢᠷᠦᠬᠡᠯᠡᠵᠦ ᠪᠣᠳᠣᠭᠰᠠᠨ ᠢ᠋ᠶ᠋ᠠᠨ ᠦᠨᠡᠨ ᠢ᠋ᠶ᠋ᠡᠷ ᠨᠢ ᠲᠠᠯᠪᠢᠪᠠ᠃ ᠡᠳᠡᠨ ᠦ᠌ ᠳ᠋ᠦ᠍ ᠴᠠᠭᠠᠨ ᠮᠥᠩᠬᠦ ᠬᠠᠷ᠎ᠠ ᠲᠠᠮᠠᠬᠢ ᠬᠣᠶᠠᠷ ᠠ᠋ᠴᠠ ᠥᠭᠡᠷ᠎ᠡ ᠳᠤᠲᠠᠬᠤ ᠶᠠᠭᠤᠮ᠎ᠠ ᠠᠯᠠᠭ᠎ᠠ᠃ ᠬᠠᠷᠢᠨ ᠵᠡᠭᠡᠭᠡᠭᠰᠡᠨ ᠭᠡᠮᠡᠷ ᠬᠣᠶᠠᠷ ᠪᠣᠭᠣᠳᠠᠯ ᠬᠠᠷ᠎ᠠ ᠲᠠᠮᠠᠬᠢ ᠪᠠᠢᠭᠰᠠᠨ ᠢ᠋ ᠴᠤᠭᠪᠠᠭᠠᠲᠤᠷ ᠨᠢᠮᠪᠠᠢᠯᠠᠵᠤ ᠠᠪᠤᠭᠠᠳ ᠸᠠᠩ ᠲᠣᠪᠴᠢᠶᠠᠨ ᠳᠠᠷᠤᠭ᠎ᠠ ᠳ᠋ᠤ᠌ ᠵᠣᠰᠤᠬᠤᠷᠲᠠᠨ 《ᠪᠢᠯᠲᠠᠤᠴᠢᠯᠠᠨ》 ᠪᠡᠯᠡᠭ ᠪᠠᠷᠢᠴᠢᠬᠠᠭᠰᠠᠨ ᠪᠣᠯᠬᠣᠷ ᠴᠤᠭᠪᠠᠭᠠᠲᠤᠷ ᠤ᠋ᠨ ᠨᠢᠭᠤᠷ ᠲᠤ᠌ ᠲᠤᠯᠵᠤ᠄
— ᠨᠠᠳᠠ ᠰᠢᠭ᠋ ᠠᠷᠠᠳ ᠢ᠋ᠶ᠋ᠠᠷ ᠲᠡᠵᠢᠭᠡᠯᠭᠡᠭᠰᠡᠨ ᠴᠠᠯᠢᠩ ᠬᠥᠯᠥᠰᠥ ᠴᠦ᠍ ᠦᠭᠡᠢ ᠶᠠᠳᠠᠭᠤ ᠴᠡᠷᠢᠭ ᠦ᠋ᠨ ᠬᠥᠮᠦᠨ ᠳ᠋ᠦ᠍ ᠬᠠᠮᠢᠭ᠎ᠠ ᠠ᠋ᠴᠠ ᠣᠬᠢ ᠰᠠᠢᠨ ᠬᠠᠷ᠎ᠠ ᠲᠠᠮᠠᠬᠢ ᠣᠯᠳᠠᠬᠤ ᠪᠣᠢ ? ᠮᠠᠭᠤ ᠨᠢ ᠴᠦ᠍ ᠣᠯᠳᠠᠬᠤ ᠳ᠋ᠤ᠌ ᠪᠡᠷᠬᠡ ᠪᠠᠢᠨ᠎ᠠ᠃ ᠮᠡᠢᠷᠡᠨ ᠭᠤᠸᠠᠢ ᠨᠡᠭᠡᠷᠡᠨ ᠬᠥᠮᠦᠨ ᠢ᠋ ᠬᠣᠱᠳᠩᠨᠠᠵᠤ ᠴᠢᠳᠠᠨ᠎ᠠ ? ᠭᠡᠳ ᠪᠣᠰᠴᠤ ᠨᠠᠰᠤᠲᠠᠨ ᠤ᠋ ᠠᠪᠳᠠᠷ᠎ᠠ ᠠ᠋ᠴᠠ ᠵᠢᠭᠠᠯ ᠵᠢᠭᠤᠯ ᠶᠠᠭᠤᠮ᠎ᠠ ᠬᠢᠮᠤᠰᠤᠯᠠᠬᠤ ᠪᠠᠷ ᠭᠠᠷᠬᠤ ᠭᠡᠪᠡᠯ ᠵᠤᠳᠪᠠ᠄
— ᠪᠠᠢᠵᠠ᠂ ᠴᠢ ᠳᠡ᠂ ᠪᠠᠷᠠᠭᠤᠨ ᠬᠦᠩ ᠦ᠋ᠨ ᠬᠣᠰᠢᠭᠤ ᠶᠠᠮᠤᠨ ᠤ᠋ ᠴᠡᠷᠢᠭ ᠦ᠋ᠨ ᠨᠣᠶᠠᠨ ᠭᠡᠵᠦ ᠪᠠᠢᠭᠠᠳ ᠦᠨᠡᠬᠡᠷ ᠳᠣᠷᠣᠢ ᠪᠠᠢᠨ᠎ᠠ ᠳᠠ ! ᠪᠠᠷᠠᠭᠤᠨ ᠬᠦᠩ ᠪᠤᠶᠠᠨ ᠢ᠋ᠶ᠋ᠠᠷ ᠳᠤᠲᠠᠬᠤ ᠪᠢᠰᠢ ᠭᠠᠭᠴᠠ ᠴᠢ ᠥᠪᠡᠷ ᠢ᠋ᠶ᠋ᠡᠨ ᠳᠣᠷᠣᠢ ᠳ᠋ᠠᠭᠠᠨ ᠬᠡᠩᠰᠢᠭᠦᠦ ᠦᠨᠦᠷᠲᠦᠭᠦᠯᠬᠦ ᠬᠠᠷ᠎ᠠ ᠲᠠᠮᠠᠬᠢ ᠴᠤ᠌ ᠦᠭᠡᠢ ᠶᠠᠪᠤᠵᠤ ᠪᠠᠢᠨ᠎ᠠ᠃ ᠴᠢᠨᠦ ᠲᠡᠷᠡ ᠳᠤᠸᠠᠨᠵᠠᠩ ᠡᠷᠬᠡ ᠶ᠋ᠢ ᠨᠠᠳᠠ ᠦᠭᠭᠦᠰᠡᠨ ᠪᠣᠯ ᠤᠤ᠂ ᠪᠠᠷᠠᠭᠤᠨ ᠬᠦᠩ ᠦ᠋ᠨ ᠪᠠᠢᠳᠠᠭ ᠡᠷᠬᠡ ᠶ᠋ᠢ ᠲᠡᠷᠡ 《ᠮᠤᠬᠤᠷ ᠵᠠᠰᠠᠭ》 ᠢ᠋ᠶ᠋ᠠᠷ ᠨᠣᠶᠠᠯᠠᠭᠤᠯᠵᠤ᠂ ᠠᠪᠤ ᠳᠡᠭᠡᠳᠦ ᠶ᠋ᠢᠨ ᠪᠤᠶᠠᠨ ᠢ᠋ ᠲᠠᠲᠠᠨᠤᠰ ᠢ᠋ᠶ᠋ᠠᠷ ᠲᠠᠯᠬᠢᠳᠠᠭᠤᠯᠬᠤ ᠦᠭᠡᠢ ᠠ᠋ ! ᠳᠠᠬᠢᠪᠠᠯ ᠣᠳᠣ ᠵᠠᠰᠠᠭ ᠤ᠋ᠨ ᠨᠡᠷ᠎ᠡ ᠵᠢᠭᠠᠭᠰᠠᠨ ᠵᠢᠭᠠᠯ ᠬᠦᠦ ᠨᠢ ᠴᠦ᠍ ᠪᠤᠭᠤᠲᠤ ᠶ᠋ᠢᠨ ᠬᠢᠲᠠᠳ ᠤ᠋ᠨ ᠬᠡᠦᠬᠡᠳ ᠭᠡᠨ᠎ᠡ ᠰᠢᠦ ! ᠡᠭᠦᠨ ᠢ᠋ ᠥᠭᠡᠷ᠎ᠡ ᠬᠥᠮᠦᠨ ᠮᠡᠳᠡᠬᠦ ᠦᠭᠡᠢ ᠴᠦ᠍ ᠴᠢᠨᠦ ᠡᠵᠢ ᠮᠠᠨᠤᠨᠪᠠᠳᠮᠡ ᠮᠡᠳᠡᠬᠦ ᠦᠭᠡᠢ ᠭᠡᠵᠢ ᠤᠤ ? ᠮᠠᠨ ᠤ᠋ ᠪᠠᠷᠠᠭᠤᠨ ᠬᠦᠩ ᠡᠢᠨ ᠬᠦ᠌ ᠤᠷᠤᠭᠤᠳᠠᠵᠤ ᠳᠣᠷᠣᠢᠳᠠᠳᠠᠭ ᠨᠢ ᠶᠠᠭᠤᠨ ᠠ᠋ᠴᠠ ᠪᠣᠢ ? ᠶᠠᠪᠤᠵᠤ ᠶᠠᠪᠤᠵᠤ ᠵᠤᠯᠪᠢᠩ ᠡᠮ᠎ᠡ ᠪᠡᠷ ᠴᠡᠷᠢᠭ ᠵᠠᠰᠠᠭ ᠤ᠋ᠨ ᠡᠷᠬᠡ ᠪᠠᠢᠭᠤᠯᠵᠤ᠂ ᠬᠠᠷ᠎ᠠ ᠵᠠᠨᠠᠭ ᠤ᠋ᠨ ᠵᠤᠯᠵᠠᠭ᠎ᠠ ᠪᠠᠷ ᠵᠠᠰᠠᠭ ᠵᠠᠯᠭᠠᠮᠵᠢᠯᠠᠭᠤᠯᠬᠤ ᠳᠡᠭᠡᠷ᠎ᠡ ᠲᠤᠯᠴᠢᠬᠠᠭᠰᠠᠨ ᠶᠤᠮ ᠴᠢᠨᠢ ᠳᠣᠷᠣᠢᠲᠠᠬᠤ ᠨᠢ ᠵᠦᠢ᠃ ᠡᠨᠡ ᠨᠢ ᠮᠠᠨ ᠤ᠋ ᠡᠨᠡ ᠨᠢᠭᠡ ᠦᠶ᠎ᠡ ᠶ᠋ᠢᠨ ᠬᠥᠮᠦᠰ ᠦ᠋ᠨ ᠳᠣᠷᠣᠢ ᠲᠥᠷᠥᠵᠦ᠂ ᠳᠤᠯᠤᠭᠠᠨ ᠪᠤᠯᠴᠢᠷᠬᠠᠢ ᠪᠠᠨ ᠥᠷᠥᠭᠡᠯ ᠪᠤᠰᠤᠳ ᠢ᠋ᠶ᠋ᠠᠷ ᠲᠣᠭᠠᠯᠠᠭᠤᠯᠳᠠᠭ ᠤ᠋ᠨ ᠢᠷᠣ᠎ᠠ᠃ ᠴᠢ ᠬᠡᠯᠡ ᠯᠡ ᠳᠡ᠂ ᠮᠢᠨᠦ ᠬᠡᠯᠡᠵᠦ ᠪᠠᠢᠬᠤ ᠲᠠᠭᠠᠷᠠᠨ᠎ᠠ ᠤᠤ ᠦᠭᠡᠢ ᠤᠤ ? ᠪᠢ ᠠᠷᠢᠬᠢ ᠤᠤᠭᠤᠴᠢᠬᠠᠭᠠᠳ ᠴᠢᠮ᠎ᠠ ᠳ᠋ᠤ᠌ ᠢᠩᠭᠢᠵᠦ ᠪᠠᠢᠭ᠎ᠠ ᠪᠢᠰᠢ᠂ ᠶᠠᠭ ᠦᠨᠡᠨ ᠭᠣᠣᠯ ᠢ᠋ᠶ᠋ᠠᠷ ᠨᠢ ᠶᠠᠷᠢᠵᠤ ᠪᠠᠢᠨ᠎ᠠ ᠰᠢᠦ! ᠭᠡᠬᠦ ᠳ᠋ᠦ᠍ ᠴᠤᠭᠪᠠᠭᠠᠲᠤᠷ ᠳᠤᠷ᠎ᠠ ᠦᠭᠡᠢᠴᠡᠬᠦ ᠪᠣᠯᠪᠠᠴᠤ ᠵᠤᠳᠪᠠ ᠮᠡᠢᠷᠡᠨ ᠦ᠌ ᠨᠢᠭᠤᠷ ᠳᠡᠭᠡᠷ᠎ᠡ᠄
— ᠮᠡᠢᠷᠡᠨ ᠦ᠌ ᠬᠡᠯᠡᠬᠦ ᠵᠥᠪ ᠂ ᠲᠠᠭᠠᠷᠠᠵᠤ ᠪᠠᠢᠨ᠎ᠠ ᠭᠡᠰᠡᠨ ᠴᠦ᠍ ᠵᠤᠳᠪᠠ ᠪᠠᠷ 《ᠴᠢᠳᠠᠯ ᠦᠭᠡᠢ ᠲᠤᠷᠤᠢ ᠳ᠋ᠠᠭᠠᠨ ᠁》 ᠭᠡᠵᠦ ᠬᠤᠱᠣᠩᠨᠠᠭᠤᠯᠤᠭᠰᠠᠨ ᠳ᠋ᠠᠭᠠᠨ ᠶᠠᠷ᠎ᠠ ᠪᠠᠨ ᠮᠠᠯᠲᠠᠭᠤᠯᠤᠭᠰᠠᠨ ᠰᠢᠭ᠋ ᠪᠣᠯᠵᠤ᠂ 《ᠲᠡᠷᠡ ᠮᠠᠭᠤ ᠪᠠᠭ᠎ᠠ ᠬᠠᠲᠤᠨ ᠢ᠋ ᠮᠤᠬᠤᠷ ᠵᠠᠰᠠᠭ ᠮᠠᠰᠠᠭ ᠭᠡᠬᠦ ᠨᠢ ᠴᠦ᠍ ᠶᠠᠭᠠᠬᠢᠬᠤ ᠪᠣᠢ᠂ ᠡᠴᠢᠭᠡ ᠶ᠋ᠢᠨ ᠴᠢᠨᠢ ᠲᠣᠯᠣᠭᠠᠢ ᠶᠠᠭᠤᠨ ᠤ᠋ ᠬᠢᠨᠢ ᠬᠢᠲᠠᠳ ᠤ᠋ᠨ ᠬᠦᠦ᠂ ᠵᠠᠨᠠᠭ ᠤ᠋ᠨ ᠵᠤᠯᠵᠠᠭ᠎ᠠ ᠁ ᠪᠠᠯᠲᠠᠭᠠ ᠴᠤ᠌ ᠮᠡᠳᠡᠬᠦ ᠦᠭᠡᠢ ᠪᠠᠢᠵᠤ ᠪᠠᠢᠭᠠᠳ ᠮᠢᠨᠦ ᠡᠮᠦᠨ᠎ᠡ ᠢᠩᠭᠢᠵᠦ ᠬᠠᠪᠬᠠᠭᠠᠰᠤ ᠦᠭᠡᠢ ᠣᠷᠬᠢᠳᠠᠭ ᠲᠠᠭᠠᠨ ᠃ ᠲᠡᠷᠡ ᠴᠢᠨᠢ ᠮᠢᠨᠦ ᠬᠦᠦ ᠰᠢᠦ ᠳᠡ ! ᠣᠳᠣ ᠮᠢᠩᠭᠠᠨᠪᠤᠤ ᠶ᠋ᠢᠨ ᠤᠭᠰᠠᠭ᠎ᠠ ᠪᠠᠷᠠᠭᠤᠨ ᠬᠦᠩ ᠦ᠋ᠨ ᠵᠠᠰᠠᠭ ᠪᠠᠷᠢᠳᠠᠭ ᠴᠠᠭ ᠪᠣᠯᠴᠢᠬᠠᠵᠠᠢ ᠠ᠋ ! 》 ᠭᠡᠵᠦ ᠳᠤᠳᠤᠷ᠎ᠠ ᠪᠠᠨ ᠪᠢᠲᠡᠭᠦᠬᠡᠨ ᠪᠣᠳᠣᠪᠠᠴᠤ ᠰᠢᠭᠤᠳ ᠬᠡᠯᠡᠵᠦ ᠪᠣᠯᠬᠤ ᠦᠭᠡᠢ ᠳ᠋ᠡᠭᠡᠨ ᠪᠡᠶ᠎ᠡ ᠪᠡᠨ ᠪᠠᠷᠢᠵᠤ᠄
— ᠲᠡᠭᠡᠭᠡᠳ ᠣᠳᠣ ᠶᠠᠭᠠᠬᠢᠨ᠎ᠠ ᠪᠣᠢ ? ᠮᠡᠢᠷᠡᠨ ᠵᠠᠩᠭᠢ ᠭᠤᠸᠠᠢ ᠠ᠋ ? ᠭᠡᠵᠦ ᠴᠤᠭᠪᠠᠭᠠᠲᠤᠷ ᠢ᠋ ᠬᠡᠯᠡᠬᠦ ᠳ᠋ᠦ᠍ ᠵᠤᠳᠪᠠ᠄
— ᠢᠷ᠎ᠡ ᠢᠷ᠎ᠡ ! ᠨᠠᠭᠠᠰᠢ ᠪᠠᠨ ᠭᠡᠳ ᠡᠪᠦᠷ ᠡᠴᠡ ᠪᠡᠨ ᠨᠢᠭᠡ ᠪᠠᠭᠯᠠᠭ᠎ᠠ ᠣᠬᠢ ᠰᠠᠢᠨ ᠲᠣᠰᠣ ᠵᠤᠩᠭᠠᠭᠲᠤᠭᠰᠠᠨ ᠬᠠᠷ᠎ᠠ ᠲᠠᠮᠠᠬᠢ᠂ ᠴᠣᠬᠣᠷ ᠶᠤᠸᠠᠮᠪᠤᠤ ᠢᠬᠡᠷ᠎ᠡ ᠶ᠋ᠢ ᠭᠠᠷᠭᠠᠵᠤ ᠲᠡᠭᠦᠨ ᠳ᠋ᠦ᠍ ᠥᠭᠬᠦ ᠳ᠋ᠦ᠍ ᠴᠤᠭᠪᠠᠭᠠᠲᠤᠷ᠄
— ᠶᠠᠭᠠᠬᠢᠵᠤ ᠪᠠᠢᠭ᠎ᠠ ᠨᠢ ᠡᠨᠡ ᠪᠣᠢ ? ᠶᠠᠭᠤ ᠬᠢᠬᠦ ᠪᠣᠢ? ᠭᠡᠵᠦ ᠭᠠᠷ ᠨᠢ 《ᠠᠪᠬᠤ ᠦᠭᠡᠢ》 ᠭᠡᠵᠦ ᠴᠠᠭᠠᠰᠢ ᠨᠢ ᠲᠦᠯᠬᠢᠭᠰᠡᠨ ᠪᠣᠯᠪᠠᠴᠤ ᠬᠣᠮᠣᠬᠠᠢ ᠨᠢᠳᠦ ᠨᠢ ᠴᠤᠬᠤᠷ ᠶᠤᠸᠠᠮᠪᠤᠤ ᠳᠡᠭᠡᠷ᠎ᠠ ᠰᠢᠭᠡᠳᠴᠢᠭᠡᠭᠰᠡᠨ ᠰᠢᠭ ᠪᠠᠢᠯ᠎ᠠ ᠁
— ᠬᠠᠷ᠎ᠠ ᠲᠠᠮᠠᠬᠢ ᠨᠢ ᠴᠦ᠍ ᠪᠣᠯ ᠮᠢᠨᠦᠬᠢ ᠵᠢᠭᠠᠬᠠᠨ ᠰᠠᠨᠠᠭ᠎ᠠ ᠶᠤᠮ ᠠ᠋᠂ ᠭᠠᠵᠠᠷᠳᠠᠬᠤ ᠦᠭᠡᠢ ᠪᠢᠵᠡ ! ᠡᠨᠡ ᠢᠭᠡᠷ᠎ᠡ ᠶᠤᠸᠠᠮᠪᠤᠤ ᠪᠣᠯ ᠬᠠᠷᠢᠨ 《ᠲᠤᠰᠠᠯᠠᠭᠴᠢ ᠡᠪᠦᠭᠡ》 ᠶ᠋ᠢᠨ ᠴᠢᠨᠢ ᠢᠷᠡᠭᠡᠳᠦᠢ ᠶ᠋ᠢᠨ ᠠᠴᠢ ᠬᠦᠷᠭᠡᠨ ᠳ᠋ᠡᠭᠡᠨ ᠥᠭᠴᠦ ᠶᠠᠪᠤᠭᠤᠯᠤᠭᠰᠠᠨ ᠡᠳ᠋ ᠶᠦ᠍ᠮ ᠠ᠋᠂ ᠴᠠᠭᠠᠨ᠎ᠠ ᠪᠠᠨ ᠨᠢᠭᠡ ᠯᠡ ᠤᠳᠬ᠎ᠠ ᠲᠠᠢ ᠶᠤᠮ ᠪᠠᠢᠯᠭᠦᠢ ᠭᠡᠳ ᠵᠤᠳᠪᠠ ᠬᠥᠭ ᠬᠥᠭ ᠢᠨᠢᠶᠡᠪᠡ᠃
— ᠁
ᠴᠤᠭᠪᠠᠭᠠᠲᠤᠷ ᠪᠡᠯᠡᠭ ᠢ᠋ ᠲᠣᠰᠤᠭᠠᠳ ᠶᠠᠭᠤ ᠬᠡᠯᠡᠬᠦ ᠪᠡᠨ ᠣᠯᠤᠭᠰᠠᠨ ᠦᠭᠡᠢ᠃
— ᠲᠤᠰᠠᠯᠠᠭᠴᠢ ᠶ᠋ᠢᠨ ᠰᠠᠨᠠᠭ᠎ᠠ ᠪᠣᠯ 《ᠢᠮᠠᠭᠠᠨ ᠤ᠋ ᠮᠢᠬ᠎ᠠ ᠬᠠᠯᠠᠭᠤᠨ ᠳᠡᠭᠡᠷ᠎ᠡ ᠪᠡᠨ》 ᠭᠡᠨ᠎ᠡ ᠰᠢᠦ ! ᠲᠡᠭᠡᠭᠡᠳ ᠢᠬᠡᠷ᠎ᠡ ᠶᠤᠸᠠᠮᠪᠤᠤ ᠥᠭᠴᠦ ᠪᠠᠢᠭ᠎ᠠ ᠨᠢ ᠡᠨᠡ ! ᠭᠡᠳ ᠳᠠᠭᠤ ᠪᠠᠨ ᠨᠠᠮ ᠪᠣᠯᠭᠠᠨ ᠴᠤᠭᠪᠠᠭᠠᠲᠤᠷ ᠤ᠋ᠨ ᠴᠢᠬᠢᠨ ᠳ᠋ᠦ᠍ 《ᠪᠠᠭ᠎ᠠ ᠬᠠᠲᠤᠨ ᠢ᠋ ᠤᠬᠠᠭᠠᠨ ᠬᠢᠴᠢᠬᠡᠪᠡᠯ ᠪᠠᠷᠠᠭᠤᠨ ᠬᠦᠩ ᠦ᠋ᠨ ᠵᠠᠰᠠᠭ ᠴᠡᠷᠢᠭ ᠦ᠋ᠨ ᠶᠡᠬᠡ ᠡᠷᠬᠡ ᠪᠦᠷ ᠴᠢᠨᠦ ᠭᠠᠷ ᠲᠤ᠌ ᠣᠷᠣᠴᠢᠬᠠᠨ᠎ᠠ ! ᠲᠡᠷᠡ ᠦᠶ᠎ᠡ ᠳ᠋ᠦ᠍ ᠴᠢᠮ᠎ᠠ ᠳ᠋ᠤ᠌ ᠶᠠᠭᠤ ᠳᠤᠲᠠᠨ᠎ᠠ ᠪᠣᠢ ? ᠣᠳᠣ ᠴᠢᠨᠢ〈ᠡᠷᠬᠡ ᠲᠡᠢ ᠪᠣᠯ ᠡᠷᠢᠶᠡᠨ ᠶᠢᠷᠲᠢᠨᠴᠤ ᠂ ᠡᠷᠬᠡ ᠦᠭᠡᠢ ᠪᠣᠯ ᠡᠷᠭᠢᠭᠦᠦ ᠶᠢᠷᠲᠢᠨᠴᠤ〉 ᠶ᠋ᠢᠨ ᠴᠠᠭ ᠰᠢᠦ》 ᠭᠡᠰᠡᠨ ᠳ᠋ᠦ᠍ ᠴᠤᠬᠪᠠᠭᠠᠲᠤᠷ ᠬᠢᠷᠳ᠋ᠬᠢᠵᠦ᠄
— ᠪᠠᠭ᠎ᠠ ᠬᠠᠲᠤᠨ ᠰᠧᠯᠢᠩ ᠢ᠋ ᠱᠤᠳᠤᠷᠴᠢᠬᠠᠪᠠᠯ ᠲᠡᠭᠷᠢ ᠶ᠋ᠢᠨ ᠪᠤᠬᠤᠷ ᠲᠤ᠌ ᠲᠦᠢᠮᠡᠷ ᠲᠠᠯᠪᠢᠴᠢᠬᠠᠬᠤ ᠪᠢᠰᠢ ᠦᠤ ! ᠪᠠᠷᠠᠭᠤᠨ ᠬᠦᠩ ᠳᠠᠶᠠᠭᠠᠷ ᠨᠠᠮᠠᠶ᠋ᠢ ᠬᠦᠯᠢᠶᠡᠨ᠎ᠡ ᠤᠤ ᠳᠡ ! ᠠᠶ᠎ᠠ᠂ ᠲᠠ ᠴᠢᠨᠢ ᠳᠠᠩᠴᠤ ᠨᠢᠭᠡ ᠴᠢᠬᠢ ᠳᠠᠯᠠᠰᠦᠭᠰᠡᠨ ᠭᠡᠨᠡᠨ ᠶᠠᠭᠤᠮ᠎ᠠ ᠶᠠᠷᠢᠬᠤ ᠶᠤᠮ ᠠ᠋! ᠭᠡᠯᠡ᠃
— ᠬᠠᠢ! ᠴᠢᠮᠠᠶ᠋ᠢ ᠦᠷᠠᠳ ᠤ᠋ᠨ ᠬᠠᠩᠭᠢ ᠰᠦᠰᠦᠲᠠᠢ ᠡᠷ᠎ᠡ ᠶᠦ᠍ᠮ ᠪᠠᠢᠬᠤ ᠴᠢᠷᠠᠢ ᠭᠡᠵᠦ ᠵᠡᠭᠦᠨ ᠲᠤᠰᠠᠯᠠᠭᠴᠢ ᠪᠢᠳᠡ ᠬᠣᠶᠠᠷ ᠲᠣᠭᠣᠵᠤ ᠪᠠᠢᠯ᠎ᠠ᠃ ᠲᠡᠭᠡᠭᠡᠳ ᠪᠢ ᠥᠨᠥᠳᠥᠷ ᠴᠢᠮ᠎ᠠ ᠳ᠋ᠤ᠌ ᠦᠨᠡᠨ ᠦᠭᠡ ᠪᠡᠨ ᠠᠭᠤᠳᠠᠯᠵᠤ ᠬᠡᠯᠡᠭᠰᠡᠨ ᠶᠦ᠍ᠮ ᠰᠢᠦ ! ᠠ᠋ ᠳᠠ᠂ ᠬᠠᠷᠠᠭᠠᠳ ᠪᠠᠢᠬᠤ ᠳ᠋ᠤ᠌ ᠲᠤᠰᠠ ᠦᠭᠡᠢ ᠶᠠᠭᠤᠮ᠎ᠠ ᠪᠠᠢᠨ᠎ᠠ᠃ ᠬᠤᠷᠠᠭ᠎ᠠ ᠴᠢᠮᠬᠢᠬᠦ ᠵᠣᠷᠢᠭ ᠦᠭᠡᠢ ᠡᠷ᠎ᠡ ᠬᠣᠵᠢᠮ ᠶᠠᠭᠠᠬᠢᠵᠤ ᠵᠠᠰᠠᠭ ᠴᠡᠷᠢᠭ ᠦ᠋ᠨ ᠶᠡᠬᠡ ᠡᠷᠬᠡ ᠶ᠋ᠢ ᠪᠠᠢᠬᠤ ᠶᠤᠮ ᠪᠣᠢ ? ᠭᠡᠳ ᠵᠤᠳᠪᠠ ᠮᠡᠢᠷᠡᠨ ᠪᠣᠰᠴᠤ ᠰᠠᠭᠤᠭᠰᠠᠨ ᠳ᠋ᠤ᠌ ᠴᠤᠭᠪᠠᠭᠠᠲᠤᠷ ᠰᠠᠨᠳᠤᠷᠴᠤ᠄
— ᠦᠭᠡᠢ ᠦᠭᠡᠢ ! ᠶᠠᠷᠦ ᠨᠢ ᠡᠨᠡ ᠪᠠᠭ᠎ᠠ ᠬᠠᠲᠤᠨ ᠢ᠋ ᠤᠬᠠᠭᠠᠨ ᠬᠢᠨ᠎ᠡ ᠭᠡᠭᠴᠢ ᠬᠤᠷᠠᠭ᠎ᠠ ᠢᠰᠢᠭᠡ ᠴᠢᠮᠬᠢᠬᠦ ᠰᠢᠭ ᠬᠢᠯᠪᠠᠷᠬᠠᠨ ᠶᠠᠭᠤᠮ᠎ᠠ ᠪᠢᠰᠢ ᠰᠢᠦ ! ᠭᠡᠪᠡ᠃
— ᠤᠬᠠᠭᠠᠨ ᠰᠠᠮᠪᠠᠭ᠎ᠠ ᠳ᠋ᠠᠭᠠᠨ ᠪᠠᠭᠲᠠᠵᠤ ᠵᠣᠷᠢᠭ ᠵᠣᠯᠪᠣᠭ᠎ᠠ ᠲᠠᠢ ᠤᠬᠠᠭᠠᠯᠠᠬᠤ ᠶᠤᠮ ᠪᠣᠯ ᠲᠡᠷᠡ ᠶᠠᠭᠤ ᠪᠠᠢᠬᠤ ᠪᠣᠢ ? ᠬᠤᠷᠠᠭ᠎ᠠ ᠴᠢᠮᠬᠢᠬᠦ ᠡᠴᠡ ᠴᠦ᠍ ᠬᠢᠯᠪᠠᠷᠬᠠᠨ ! ᠠ ᠬᠠᠷᠢᠨ ᠵᠤᠷᠠᠮ᠎ᠠ ᠰᠢᠭ᠋ ᠨᠦᠬᠡᠨ ᠡᠴᠡ ᠪᠡᠨ ᠪᠤᠯᠲᠠᠢᠬᠤ ᠠ᠋ᠴᠠ ᠠᠶᠤᠭᠠᠳ ᠪᠠᠢᠬᠤ ᠶᠤᠮ ᠪᠣᠯ ᠶᠠᠭᠤ ᠪᠦᠲᠦᠬᠦ ᠪᠣᠢ ? ᠵᠥᠪᠡᠬᠡᠨ ᠬᠥᠮᠦᠨ ᠦ᠌ ᠵᠢᠯᠤᠭᠤᠨ ᠳ᠋ᠤ᠌ ᠬᠠᠮᠢᠭᠠᠰᠢ ᠪᠠᠨ ᠭᠡᠪᠡᠯ ᠲᠠᠢᠰᠢ ᠪᠠᠨ ᠵᠣᠷᠢᠯᠭ᠎ᠠ ᠦᠭᠡᠢ ᠵᠢᠷᠣᠭᠠᠯᠠᠬᠤ ᠶ᠋ᠢᠨ ᠨᠡᠮᠡᠷᠢ ! ᠭᠡᠰᠡᠨ ᠳ᠋ᠦ᠍ ᠴᠤᠭᠪᠠᠭᠠᠲᠤᠷ᠄
— ᠵᠣᠷᠢᠭᠯᠠᠵᠤ ᠪᠠᠢᠭᠠᠳ ᠤᠬᠠᠭᠠᠯᠠᠬᠤ ᠪᠠᠷ ᠪᠣᠳᠣᠬᠤ ᠳ᠋ᠤ᠌ ᠥᠨᠥᠬᠢ ᠨᠥᠮᠥᠷᠢ ᠨᠢ ᠪᠣᠯᠤᠭᠰᠠᠨ ᠡᠵᠡᠨ ᠨᠣᠶᠠᠨ ᠨᠢ ᠬᠠᠷ᠎ᠠ ᠴᠡᠷᠢᠭ ᠢᠷᠡᠭᠦᠯᠵᠦ ᠶᠠᠯ᠎ᠠ ᠠᠰᠠᠭᠤᠪᠠᠯ ᠪᠠᠰᠠ ᠴᠤ᠌ ᠠᠮᠠᠷ ᠦᠭᠡᠢ ! ᠭᠡᠪᠡ᠃
— ᠲᠡᠭᠦᠨ ᠡᠴᠡ ᠠᠶᠤᠬᠤ ᠶᠠᠭᠤ ᠪᠠᠢᠬᠤ ᠪᠣᠢ ? ᠲᠡᠷᠡ ᠬᠠᠷ᠎ᠠ ᠴᠡᠷᠢᠭ ᠂ ᠪᠣᠷᠣ ᠴᠡᠷᠢᠭ ᠭᠡᠬᠦ ᠬᠣᠵᠢᠮ ᠤ᠋ᠨ ᠤᠴᠢᠷ ᠢ᠋ ᠵᠡᠭᠦᠨ ᠲᠤᠰᠠᠯᠠᠭᠴᠢ ᠪᠢᠳᠡ ᠬᠣᠶᠠᠷ ᠡᠵᠡᠨ ᠮᠡᠳᠡᠶ᠎ᠡ ! ᠴᠢ ᠮᠥᠨ ᠵᠣᠪᠠᠬᠤ ᠦᠭᠡᠢ ᠶᠠᠭᠤᠮᠠᠨ ᠳ᠋ᠤ᠌ ᠵᠣᠪᠠᠳᠠᠭ ᠬᠥᠮᠦᠨ ᠶᠦ᠍ᠮ ᠠ᠋ ! ᠭᠡᠵᠦ ᠵᠤᠳᠪᠠ ᠮᠡᠢᠷᠡᠨ ᠴᠤᠭᠪᠠᠭᠠᠲᠤᠷ ᠤ᠋ᠨ ᠬᠣᠷᠣ ᠶ᠋ᠢ ᠮᠠᠯᠲᠠᠬᠤ ᠰᠢᠭ᠋ ᠬᠣᠮᠣᠬᠠᠢ ᠶ᠋ᠢ ᠨᠢ ᠬᠥᠳᠡᠯᠭᠡᠬᠦ ᠰᠢᠭ ᠬᠡᠯᠡᠪᠡᠯ ᠨᠡᠷᠡᠯᠬᠡᠦ ᠳᠡᠭᠡᠷ᠎ᠡ ᠪᠡᠨ ᠳᠡᠭᠡᠷᠡᠯᠬᠡᠦ ᠵᠠᠩ ᠲᠠᠢ ᠴᠤᠭᠪᠠᠭᠠᠲᠤᠷ ᠬᠡᠢᠷᠬᠡᠵᠦ᠄
— ᠵᠠ᠂ ᠲᠡᠭᠡᠳᠡᠭ ᠴᠦ᠍ ᠶᠦ᠍ᠮ ᠤᠤ ? ᠬᠡᠯᠡᠪᠡᠯ ᠴᠦ᠍ ᠲᠡᠷᠡ ᠮᠠᠭᠤ ᠵᠠᠢᠳᠠᠩ ᠡᠮ᠎ᠡ ᠶ᠋ᠢ ᠤᠬᠠᠭᠠᠯᠠᠬᠤ ᠶᠠᠭᠤ ᠪᠠᠢᠬᠤ ᠪᠣᠢ ! ᠭᠡᠰᠡᠨ ᠳ᠋ᠦ᠍ ᠵᠤᠳᠪᠠ ᠮᠡᠢᠷᠡᠨ ᠥᠨᠳᠡᠢᠨ ᠪᠣᠰᠴᠤ ᠴᠤᠭ᠋ᠪᠠᠭᠠᠲᠤᠷ ᠤ᠋ᠨ ᠮᠥ᠋ᠷᠤ ᠶ᠋ᠢ ᠲᠡᠪᠰᠢᠨ᠄
— ᠵᠣᠷᠢᠭ ᠲᠠᠢ ᠪᠣᠯ ᠵᠣᠭᠣᠰ ᠲᠠᠢ ᠭᠡᠳᠡᠭ ᠰᠢᠦ ᠳᠡ ! ᠲᠡᠷᠡ ᠡᠮ᠎ᠡ ᠶ᠋ᠢ ᠤᠬᠠᠭᠠᠨ ᠬᠢᠴᠢᠬᠡᠪᠡᠯ᠂ ᠵᠠᠰᠠᠭ ᠲᠠᠮᠠᠭ᠎ᠠ ᠴᠢᠨᠦ ᠭᠠᠷ ᠲᠤ᠌ ᠭᠡᠳᠡᠭ ᠢ᠋ ᠪᠢᠲᠡᠭᠡᠢ ᠮᠠᠷᠲᠠ! ᠭᠡᠳ ᠬᠤᠸᠠᠰ ᠬᠤᠸᠠᠰ ᠢᠨᠢᠶᠡᠬᠦ ᠳ᠋ᠦ᠍ ᠲᠡᠭᠦᠨ ᠦ᠌ ᠠᠯᠲᠠᠨ ᠰᠣᠶᠣᠭ᠎ᠠ ᠰᠢᠲᠦ ᠨᠢ ᠭᠢᠯᠠᠯᠵᠠᠨ᠎ᠠ᠃
— ᠡᠵᠢ ᠶ᠋ᠢᠨ ᠰᠠᠨᠠᠭ᠎ᠠ ᠴᠣᠬᠣᠮ ᠶᠠᠭᠤ ᠭᠡᠳᠡᠭ ᠪᠣᠯ ? ᠡᠵᠢ ᠶ᠋ᠢᠨ ᠴᠢᠷᠠᠢ ᠥᠭᠡᠳᠡ ᠦᠶ᠎ᠡ ᠳ᠋ᠦ᠍ ᠨᠢᠭᠡ ᠶᠠᠭᠤᠮ᠎ᠠ ᠰᠣᠨᠣᠰᠬᠠᠵᠤ ᠰᠠᠨᠠᠭ᠎ᠠ ᠶ᠋ᠢ ᠨᠢ ᠲᠡᠩᠰᠡᠵᠦ ᠦᠵᠡᠶ᠎ᠡ᠃ ᠲᠡᠭᠡᠭᠡᠳ ᠳᠠᠷᠠᠭ᠎ᠠ ᠨᠢ ᠶᠠᠭᠠᠬᠢᠬᠤ ᠪᠠᠨ ᠲᠣᠭᠲᠠᠶ᠎ᠠ !
— ᠲᠡᠭᠡ᠂ ᠲᠡᠭᠡ ! ᠮᠠᠨ ᠤ᠋ ᠮᠠᠨᠤᠨᠪᠠᠳᠮ᠎ᠠ ᠪᠡᠷᠬᠡᠨ ᠦ᠌ ᠤᠬᠠᠭᠠᠨ ᠭᠡᠭᠴᠢ ᠤᠰᠤᠨ ᠠ᠋ᠴᠠ ᠲᠤᠩᠭᠠᠯᠠᠭ ᠶᠤᠮ ᠭᠠᠵᠠᠷ ᠳᠠ! ᠦᠭᠡ ᠴᠤᠬᠤᠢᠯᠭᠠᠬᠤ ᠲᠠᠢ ᠵᠡᠷᠭᠡ ᠴᠠᠭᠠᠨ᠎ᠠ ᠤᠬᠠᠭᠠᠨ ᠢ᠋ ᠴᠢᠨᠢ ᠭᠤᠷᠪᠠ ᠨᠤᠭᠤᠯᠤᠭᠠᠳ ᠲᠤᠩᠭᠠᠵᠤ ᠤᠷᠬᠢᠨ᠎ᠠ᠃ ᠤᠴᠢᠷ ᠶᠠᠪᠤᠳᠠᠯ ᠤ᠋ᠨ ᠣᠨᠢ ᠶ᠋ᠢ ᠵᠥᠪ ᠰᠦᠪᠡᠯᠡᠵᠦ ᠴᠢᠳᠠᠳᠠᠭ ᠳ᠋ᠠᠭᠠᠨ ᠴᠢ ᠪᠢᠳᠠᠨ ᠤ᠋ ᠰᠠᠨᠠᠭ᠎ᠠ ᠶ᠋ᠢ ᠭᠠᠵᠠᠷ ᠲᠤᠰᠤᠭᠠᠬᠤ ᠦᠭᠡᠢ ᠨᠢ ᠯᠠᠪ ! ᠭᠡᠵᠦ ᠵᠤᠳᠪᠠ ᠮᠡᠢᠷᠡᠨ ᠢᠲᠡᠭᠡᠯᠲᠡᠢ ᠢᠨᠢᠶᠡᠨ ᠰᠢᠷᠵᠢᠭᠢᠨᠡᠨ ᠪᠤᠴᠠᠯᠤᠭᠰᠠᠨ ᠲᠠᠮᠠᠬᠢᠨ ᠤ᠋ ᠲᠣᠭᠣᠭ᠎ᠠ ᠠ᠋ᠴᠠ ᠰᠢᠨᠤᠯᠳᠠᠢᠬᠠᠨ ᠰᠣᠷᠣᠬᠤ ᠳ᠋ᠤ᠌ ᠬᠠᠮᠠᠷ ᠠ᠋ᠴᠠ ᠨᠢ ᠰᠢᠷᠠᠩᠭᠤᠢ ᠬᠥᠬᠡ ᠤᠲᠤᠭ᠎ᠠ ᠪᠠᠭᠠᠭᠢᠨᠠ ᠁
— — — —
① ᠬᠣᠩᠭᠢᠯ ᠭᠡᠳᠡᠭ ᠨᠢ ᠲᠡᠷᠡ ᠤᠯᠠᠭᠠᠨ ᠬᠠᠲᠠᠲᠠᠢ ᠠᠭᠠᠷᠤᠲᠠᠢ ᠱᠣᠷᠤᠩ ᠲᠣᠯᠤᠭᠠᠢ ᠠ᠋ᠴᠠ ᠴᠤᠬᠪᠠᠭᠠᠲᠤᠷ ᠤᠨ ᠭᠡᠷ ᠲᠦ᠍ ᠬᠦᠷᠭᠦ ᠬᠥᠨᠲᠡᠢ ᠬᠣᠩᠭᠢᠯ ᠤ᠋ᠨ ᠨᠦᠬᠡ ᠪᠠᠢᠳᠠᠭ᠃
② ᠭᠠᠯ ᠤᠨ ᠬᠣᠷᠢᠨ ᠭᠤᠷᠪᠠᠨ ᠳᠤ ᠴᠢᠨᠠᠭᠰᠠᠨ ᠡᠪᠴᠢᠭᠦᠨ ᠦ ᠬᠣᠷᠮᠣᠢ ᠶᠢᠨ ᠮᠢᠬ᠎ᠠ᠂ ᠰᠢᠬᠢᠷ ᠵᠡᠷᠭᠡ ᠶᠢ ᠭᠠᠯ ᠤᠨ ᠭᠡᠰᠢᠭ ᠭᠡᠳᠡᠭ᠃
③ ᠪᠣᠯᠵᠣᠮᠣᠷ ᠰᠢᠭ᠋ ᠱᠣᠷᠣᠨ ᠦᠵᠦᠭᠦᠷ ᠲᠠᠢ ᠪᠣᠨᠳᠣᠭᠣᠷ ᠪᠥᠭ᠍ᠰᠡ ᠲᠠᠢ ᠪᠤᠤᠵᠠ᠃
④ ᠨᠤᠲᠤᠭ ᠤᠨ ᠬᠡᠯᠡᠯᠭᠡ᠂ ᠱᠤᠮᠠᠭᠰᠠᠨ ᠭᠡᠵᠦ ᠬᠤᠯᠠᠭᠠᠢᠯᠠᠬᠤ ᠪᠤᠶᠤ ᠮᠡᠬᠡᠯᠡᠵᠦ ᠳᠡᠭᠡᠷᠡᠮᠳᠡᠭ᠍ᠰᠡᠨ ᠢ ᠬᠡᠯᠡᠨ᠎ᠡ᠃
⑤ ᠤᠷᠠᠳ ᠤᠳ ᠰᠢᠷᠡᠭᠡ ᠶᠢ ᠪᠠᠰᠠ ᠱᠠᠲᠤ ᠭᠡᠨ᠎ᠡ᠃
ᠦᠰᠦᠭ ᠠᠮᠢᠯᠠᠭᠤᠯᠤᠭᠰᠠᠨ ᠨᠢ᠄ ᠲᠤᠭᠴᠢ ᠰᠠᠷᠠᠨ᠎ᠠ
