ᠬᠣᠪᠳᠣᠭ ᠰᠢᠨᠤᠬᠠᠢ ᠷᠠᠳᠨ᠎ᠠ ᠨᠣᠶᠠᠨ ᠢ᠋ ᠬᠤᠷᠮᠤᠰᠲᠠ ᠲᠩᠷᠢ ᠳ᠋ᠦ᠍ ᠮᠣᠷᠳᠠᠭᠤᠯᠤᠭᠰᠠᠨ ᠨᠢ-ᠪᠠᠯᠭᠠᠨᠰᠠᠩ ᠤᠨ ᠦᠯᠢᠭᠡᠷ Ховдог шунахай раднаа ноёныг хурмаст тэнгэрт мордуулсан нь-Балгансангийн үлгэр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠪᠳᠣᠭ ᠰᠢᠨᠤᠬᠠᠢ ᠷᠠᠳᠨ᠎ᠠ ᠨᠣᠶᠠᠨ ᠢ᠋ ᠬᠤᠷᠮᠤᠰᠲᠠ ᠲᠩᠷᠢ ᠳ᠋ᠦ᠍ ᠮᠣᠷᠳᠠᠭᠤᠯᠤᠭᠰᠠᠨ ᠨᠢ-ᠪᠠᠯᠭᠠᠨᠰᠠᠩ ᠤᠨ ᠦᠯᠢᠭᠡᠷ Ховдог шунахай раднаа ноёныг хурмаст тэнгэрт мордуулсан нь-Балгансангийн үлгэр

ᠬᠣᠪᠳᠣᠭ ᠰᠢᠨᠤᠬᠠᠢ ᠷᠠᠳᠨ᠎ᠠ ᠨᠣᠶᠠᠨ ᠢ᠋ ᠬᠤᠷᠮᠤᠰᠲᠠ ᠲᠩᠷᠢ ᠳ᠋ᠦ᠍ ᠮᠣᠷᠳᠠᠭᠤᠯᠤᠭᠰᠠᠨ ᠨᠢ-ᠪᠠᠯᠭᠠᠨᠰᠠᠩ ᠤᠨ ᠦᠯᠢᠭᠡᠷ Ховдог шунахай раднаа ноёныг хурмаст тэнгэрт мордуулсан нь-Балгансангийн үлгэр

ᠠᠩᠭᠢᠯᠠᠯ:ᠳᠣᠮᠣᠭ ᠦᠯᠢᠭᠡᠷ
2025-04-08

479

ᠬᠣᠪᠳᠣᠭ ᠰᠢᠨᠤᠬᠠᠢ ᠷᠠᠳᠨ᠎ᠠ ᠨᠣᠶᠠᠨ ᠢ᠋ ᠬᠤᠷᠮᠤᠰᠲᠠ ᠲᠩᠷᠢ ᠳ᠋ᠦ᠍ ᠮᠣᠷᠳᠠᠭᠤᠯᠤᠭᠰᠠᠨ ᠨᠢ 

       ᠨᠢᠭᠡ ᠵᠢᠯ ᠪᠠᠯᠭᠠᠨᠰᠠᠩ᠂ ᠷᠠᠳᠨ᠎ᠠ ᠨᠣᠶᠠᠨ ᠤ᠋ ᠳ᠋ᠤ᠌ ᠣᠷᠳᠣᠨ ᠬᠠᠷᠰᠢ ᠪᠠᠢᠭᠤᠯᠬᠤ ᠠᠵᠢᠯ ᠳᠦᠨᠢ ᠣᠷᠣᠯᠴᠠᠵᠤ ᠮᠣᠳᠣᠴᠢᠨ ᠪᠣᠯᠤᠭᠠᠳ ᠶᠠᠪᠤᠵᠤ ᠪᠠᠢᠵᠠᠢ᠃ ᠷᠠᠳᠨ᠎ᠠ ᠨᠣᠶᠠᠨ ᠬᠡᠳᠦᠢᠪᠡᠷ ᠬᠣᠩᠬᠣᠷ ᠢ᠋ᠶ᠋ᠠᠷ ᠳᠦᠭᠦᠷᠡᠩ ᠠᠳᠤᠭᠤ ᠮᠠᠯ ᠲᠠᠢ᠂ ᠬᠣᠷᠭᠣ ᠪᠢᠯᠬᠠᠮ᠎ᠠ ᠠᠯᠲᠠ ᠮᠥᠩᠭᠥ ᠲᠡᠢ᠂ ᠬᠣᠯᠠ ᠣᠢᠷ᠎ᠠ ᠳ᠋ᠠᠭᠠᠨ ᠬᠣᠣᠰ ᠦᠭᠡᠢ ᠨᠡᠷ᠎ᠡ ᠲᠡᠢ ᠪᠠᠶᠠᠨ ᠪᠣᠯᠪᠠᠴᠤ᠂ ᠬᠣᠷᠭᠣᠰᠤ ᠪᠠᠨ ᠬᠠᠲᠠᠭᠠᠵᠤ ᠢᠳᠡᠮᠡᠷ ᠬᠣᠪᠳᠣᠭ ᠰᠢᠨᠤᠬᠠᠢ ᠠᠮᠢᠲᠠᠨ ᠭᠡᠨ᠎ᠡ᠃ ᠲᠡᠭᠡᠭᠡᠳ ᠷᠠᠳᠨ᠎ᠠ ᠨᠣᠶᠠᠨ ᠣᠯᠠᠨ ᠬᠥᠮᠦᠰ ᠢ᠋ ᠴᠤᠭᠯᠠᠭᠤᠯᠤᠨ ᠣᠷᠳᠣᠨ ᠬᠠᠷᠰᠢ ᠪᠠᠨ ᠪᠠᠷᠢᠭᠤᠯᠵᠤ ᠳᠠᠭᠤᠰᠬᠤ ᠶ᠋ᠢᠨ ᠦᠶᠡᠰ᠄《ᠣᠳᠣ ᠡᠨᠡ ᠣᠯᠠᠨ ᠮᠣᠳᠣᠴᠢᠨ ᠰᠢᠪᠠᠷᠴᠢᠨ ᠤ᠋ ᠬᠥᠯᠥᠰᠥᠨ ᠵᠣᠭᠣᠰ ᠢ᠋ ᠥᠭᠬᠦ ᠪᠣᠯᠤᠯ᠎ᠠ᠃ ᠪᠠᠭ᠎ᠠ ᠳ᠋ᠠᠭᠠᠨ ᠪᠢᠷᠠᠭᠤ ᠲᠠᠢ ᠦᠨᠢᠶ᠎ᠡ ᠲᠠᠪᠢ ᠵᠢᠷᠠ᠂ ᠬᠡᠯᠲᠦᠰᠬᠢᠪᠡᠯ ᠭᠡᠭᠦᠦ ᠤᠨᠠᠭ᠎ᠠ ᠲᠠᠢ ᠭᠤᠴᠢ ᠳᠥᠴᠢ ᠶ᠋ᠢᠨ ᠵᠠᠷᠤᠳᠠᠯ ᠭᠠᠷᠤᠨ᠎ᠠ᠃ ᠡᠳ᠋ ᠬᠣᠭᠰᠢᠯ ᠢ᠋ᠶ᠋ᠠᠨ ᠪᠠᠷᠠᠵᠤ᠂ ᠡᠴᠦᠨᠡᠨ ᠶᠡᠬᠡ ᠰᠦᠢᠳᠬᠡᠯ ᠭᠠᠷᠭᠠᠬᠤ ᠪᠠᠷ ᠡᠨᠡ ᠮᠤᠤᠰᠠᠢᠨ ᠭᠤᠶ᠋ᠢᠷᠠᠨᠴᠢᠳ ᠢ᠋ ᠰᠢᠲᠠᠭᠠᠵᠤ ᠠᠯᠠᠶ᠎ᠠ》 ᠭᠡᠵᠦ ᠪᠤᠳᠤᠭᠠᠳ᠂ ᠨᠢᠭᠡᠨ ᠰᠥᠨᠢ ᠰᠢᠷ᠎ᠠ ᠴᠠᠭᠠᠰᠤᠨ ᠳᠡᠭᠡᠷ᠎ᠡ ᠤᠯᠠᠭᠠᠨ ᠰᠢᠩᠬᠤ ᠪᠠᠷ ᠲᠤᠩᠬᠠᠭ ᠪᠢᠴᠢᠭᠡᠳ ᠸᠠᠭᠠᠷᠠᠨ ᠪᠠᠢᠰᠢᠩ ᠤ᠋ᠨ ᠢ᠋ᠶ᠋ᠠᠨ ᠬᠡᠷᠡᠮ ᠳᠡᠭᠡᠷ᠎ᠡ ᠨᠠᠭᠠᠵᠤ ᠲᠠᠯᠪᠢᠵᠤ ᠭᠡᠨ᠎ᠡ᠃
      ᠮᠠᠷᠭᠠᠰᠢ ᠥᠷᠯᠥᠭᠡ ᠨᠢ ᠮᠣᠳᠣᠴᠢᠨ ᠰᠢᠪᠠᠷᠴᠢᠨ ᠨᠠᠷ ᠢ᠋ ᠢᠷᠡᠬᠦ ᠳ᠋ᠦ᠍《ᠬᠤᠷᠮᠤᠰᠲᠠ ᠲᠩᠷᠢ ᠶ᠋ᠢᠨ ᠬᠤᠪᠢᠯᠭᠠᠨ ᠲᠤᠩᠬᠠᠭ》 ᠭᠡᠰᠡᠨ ᠵᠠᠷ ᠪᠠᠢᠪᠠ᠃ ᠲᠡᠷᠡ ᠲᠤᠩᠬᠠᠭ ᠲᠤ᠌ ᠪᠢᠴᠢᠭᠰᠡᠨ ᠨᠢ᠄
    《ᠣᠸᠮ ᠰᠠᠢᠨ ᠠᠮᠤᠭᠤᠯᠠᠩ ᠪᠣᠯᠲᠤᠭᠠᠢ᠂
    ᠣᠷᠴᠢᠯᠠᠩ ᠳᠡᠯᠡᠬᠡᠢ ᠲᠠᠢᠪᠤᠩ ᠪᠣᠯᠲᠤᠭᠠᠢ᠂
    ᠥᠬᠢᠨ ᠲᠩᠷᠢ ᠶ᠋ᠢᠨ ᠤᠷᠢᠯᠭ᠎ᠠ ᠪᠣᠯᠲᠤᠭᠠᠢ᠂ 
    ᠡᠪᠦᠭᠡ  ᠳᠡᠭᠡᠳᠦᠰ ᠤᠨ ᠢᠷᠤᠭᠡᠯ ᠲᠠᠪᠢᠯᠠᠩ ᠢ᠋ᠶ᠋ᠠᠷ 
    ᠡᠵᠡᠨ ᠲᠩᠷᠢ ᠬᠤᠷᠮᠤᠰᠲᠠ ᠬᠠᠭᠠᠨ
    ᠡᠳᠦᠭᠡ ᠬᠠᠷᠰᠢ ᠪᠠᠨ ᠰᠢᠨᠡᠳᠬᠡᠬᠦ  ᠶ᠋ᠢᠨ ᠲᠥᠯᠥᠭᠡ
    ᠡᠩ ᠳᠡᠯᠡᠬᠡᠢ ᠮᠣᠳᠣᠴᠢᠨ ᠰᠢᠪᠠᠷᠴᠢᠨ
    ᠡᠷᠳᠡᠮ ᠲᠡᠭᠦᠰ ᠤᠷᠡᠴᠤᠤᠨ  ᠊ᠢ ᠤᠷᠢᠵᠤ ᠪᠠᠢᠨᠠᠮ᠂
    ᠡᠷᠬᠢᠮ ᠨᠣᠶᠠᠨ ᠷᠡᠳᠨ᠎ᠡ
    ᠡᠳᠦᠭᠡ ᠮᠣᠳᠣᠴᠢᠨ ᠰᠢᠪᠠᠷᠴᠢᠨ ᠶ᠋ᠢᠠᠨ ᠲᠣᠮᠢᠯᠠ ᠶᠠᠪᠤᠭᠤᠯᠤᠮᠤ?》
 ᠭᠡᠵᠡᠢ᠃ ᠡᠭᠦᠨ ᠢ᠋ ᠵᠠᠷᠤᠴᠠ ᠨᠠᠷ ᠨᠢ ᠦᠵᠡᠭᠡᠳ ᠭᠠᠢᠬᠠᠯᠳᠤᠵᠤ᠂ ᠳᠠᠮ ᠳᠠᠮ ᠢ᠋ᠶ᠋ᠠᠷ ᠲᠠᠪᠰᠢᠭᠣᠯᠤᠭᠰᠠᠭᠠᠷ᠂ ᠷᠡᠳᠨ᠎ᠡ ᠨᠣᠶᠠᠨ ᠤ᠋ ᠴᠢᠬᠢᠨ ᠳᠤᠨᠢ ᠬᠦᠷᠴᠡᠢ᠃ ᠷᠡᠳᠨ᠎ᠡ ᠨᠣᠶᠠᠨ ᠡᠭᠦᠨ ᠢ᠋ ᠰᠣᠨᠣᠰᠤᠭᠠᠳ ᠶᠡᠬᠡᠯ᠎ᠡ ᠮᠡᠩᠳᠡᠨ ᠰᠣᠴᠢᠬᠰᠠᠨ  ᠪᠠᠢᠳᠠᠯ ᠭᠠᠷᠭᠠᠨ᠄《ᠲᠡᠢᠮᠦ ᠶᠤᠮ ‍ᠤᠤ? 》 ᠭᠡᠵᠦ ᠭᠦᠶᠦᠨ ᠢᠷᠡᠵᠦ ᠦᠵᠡᠭᠡᠳ᠂ ᠮᠣᠳᠣᠴᠢᠨ ᠰᠢᠪᠠᠷᠴᠢᠨ ᠨᠠᠷ ᠢ᠋ᠶ᠋ᠠᠨ ᠳᠠᠭᠤᠳᠠᠵᠤ᠄
    《ᠵᠠ᠂ ᠲᠠᠨᠠᠷ ᠦᠵᠡᠪᠡᠦ?  ᠬᠤᠷᠮᠤᠰᠲᠠ ᠲᠩᠷᠢ ᠶ᠋ᠢᠨ ᠡᠵᠡᠨ ᠬᠠᠭᠠᠨ ᠲᠠ ᠪᠦᠬᠦᠨ ᠢ᠋ ᠤᠷᠢᠵᠤ  ᠪᠠᠢᠨ᠎ᠠ ᠲᠦᠷᠭᠡᠨ ᠪᠡᠯᠡᠳᠬᠡᠵᠦ ᠬᠣᠷᠳᠤᠨ  ᠣᠴᠢᠬᠳᠣᠨ!》 ᠭᠡᠵᠦ ᠵᠠᠬᠢᠪᠠ᠃ ᠨᠢᠭᠡᠨ ᠰᠢᠪᠠᠷᠴᠢᠨ ᠦᠨᠡᠮᠰᠢᠨ ᠢᠲᠡᠭᠡᠭᠡᠳ᠄
    《ᠪᠢᠳᠡ ᠶᠠᠭᠠᠬᠢᠨ ᠲᠩᠷᠢ ᠳ᠋ᠦ᠍ ᠭᠠᠷᠴᠤ ᠴᠢᠳᠠᠬᠤ ᠪᠣᠢ?》 ᠭᠡᠰᠡᠨ ᠳ᠋ᠦ᠍᠂ ᠨᠣᠶᠠᠨ ᠤ᠋ ᠲᠣᠣᠷ᠎ᠡ ᠨᠣᠬᠠᠢ ᠪᠣᠯᠵᠤ ᠬᠠᠳᠣᠨ ᠤ᠋ ᠬᠠᠵᠠᠭᠤ ᠳ᠋ᠤ᠌ ᠬᠠᠪᠠ ᠪᠣᠯᠵᠤ ᠶᠠᠪᠤᠳᠠᠭ ᠪᠢᠴᠢᠭᠡᠴᠢ ᠨᠢ ᠭᠠᠷᠴᠤ ᠢᠷᠡᠭᠡᠳ᠄《ᠮᠤᠩᠬᠠᠭ ᠮᠢᠨᠦ ᠪᠣᠳᠣᠬᠤ ᠪᠠᠷ ᠪᠣᠯ ᠭᠠᠯ ᠳ᠋ᠤ᠌ ᠳᠡᠭᠳᠡᠵᠦ ᠡᠭᠦᠯᠡ ᠬᠥᠯᠭᠡᠯᠡᠨ ᠶᠠᠪᠤᠪᠠᠯ ᠶᠠᠮᠠᠷ ᠪᠣᠢ?》 ᠭᠡᠪᠡ᠃ ᠡᠭᠦᠨ ᠢ᠋ ᠷᠡᠳᠨ᠎ᠡ ᠨᠣᠶᠠᠨ ᠰᠣᠨᠣᠰᠤᠭᠠᠳ᠄
《ᠮᠡᠷᠭᠡᠨ ᠪᠢᠴᠢᠭᠡᠴᠢ ᠶ᠋ᠢᠨ ᠠᠷᠭ᠎ᠠ ᠮᠥᠨ ᠵᠥᠪ᠃ ᠲᠡᠭᠡᠪᠡᠯ ᠬᠡᠳᠦᠢ ᠲᠦᠯᠡᠭᠡᠨ ᠦ᠌ ᠭᠠᠯ ᠢ᠋ᠶ᠋ᠠᠷ ᠳᠡᠭᠳᠡᠭᠡᠪᠡᠯ ᠰᠠᠶᠢ ᠡᠭᠦᠯᠡ ᠬᠥᠯᠭᠡᠯᠡᠨ ᠲᠩᠷᠢ ᠳ᠋ᠦ᠍ ᠭᠠᠷᠴᠤ ᠴᠢᠳᠠᠬᠤ ᠪᠣᠢ?》 ᠭᠡᠰᠡᠨ ᠳ᠋ᠦ᠍ ᠪᠢᠴᠢᠭᠡᠴᠢ ᠨᠢ᠄
    《ᠠᠷᠪᠠ ᠬᠣᠷᠢᠨ ᠬᠥᠮᠦᠨ ᠶᠠᠪᠤᠬᠤ ᠲᠤᠯᠠ ᠠᠳᠠᠭ ᠪᠠᠭ᠎ᠠ ᠳ᠋ᠠᠭᠠᠨ ᠵᠠᠭᠤᠨ ᠲᠡᠷᠭᠡ ᠲᠦᠯᠡᠭᠡ ᠣᠷᠣᠨ᠎ᠠ》 ᠭᠡᠵᠡᠢ᠃ ᠲᠡᠭᠡᠭᠡᠳ ᠡᠨᠡ ᠮᠡᠲᠦ ᠪᠡᠷ ᠷᠠᠳᠨ᠎ᠡ ᠪᠠᠶᠠᠨ ᠮᠣᠳᠣᠴᠢᠨ ᠰᠢᠪᠠᠷᠴᠢᠨ ᠨᠠᠷ ᠢ᠋ᠶ᠋ᠠᠨ《ᠲᠩᠷᠢ ᠳ᠋ᠦ᠍ ᠮᠣᠷᠳᠠᠭᠤᠯᠬᠤ》 ᠪᠠᠷ ᠲᠣᠭᠲᠠᠵᠤ᠄
    《ᠵᠠ᠂ ᠲᠠᠨᠠᠷ ᠦᠨᠡᠬᠡᠷ ᠥᠨᠳᠥᠷ ᠪᠤᠶᠠᠨ ᠲᠠᠢ ᠬᠥᠮᠦᠰ ᠪᠠᠢᠨ᠎ᠠ᠂ ᠲᠦᠯᠡᠭᠡ ᠬᠠᠳᠤᠬᠤ ᠶ᠋ᠢᠨ ᠬᠣᠭᠣᠷᠣᠨᠳᠣ᠂ ᠲᠩᠷᠢ ᠳ᠋ᠦ᠍ ᠭᠠᠷᠬᠤ ᠠ᠋ᠴᠠ ᠪᠠᠨ ᠡᠮᠦᠨ᠎ᠡ᠂ ᠭᠡᠷ ᠭᠡᠷ ᠲᠡᠭᠡᠨ ᠬᠠᠷᠢᠵᠤ᠂ ᠭᠡᠷᠭᠡᠢ ᠬᠡᠦᠬᠡᠳ ᠲᠡᠢ ᠪᠡᠨ ᠠᠭᠤᠯᠵᠠᠵᠤ᠂ ᠬᠡᠳᠦᠨ ᠬᠣᠨᠣᠭ ᠰᠠᠢᠨ ᠨᠠᠢᠷᠯᠠᠭᠠᠳ ᠢᠷ᠎ᠡ》 ᠭᠡᠳ ᠮᠣᠳᠣᠴᠢᠨ ᠰᠢᠪᠠᠷᠴᠢᠨ ᠢ᠋ᠶ᠋ᠠᠨ ᠭᠡᠷ ᠭᠡᠷ ᠲᠤᠨᠢ ᠬᠠᠷᠢᠭᠤᠯᠵᠠᠢ ᠭᠡᠨ᠎ᠡ᠃
      ᠪᠠᠯᠭᠠᠨᠰᠠᠩ ᠭᠡᠷ ᠲᠡᠭᠡᠨ ᠬᠠᠷᠢᠵᠤ ᠢᠷᠡᠭᠡᠳ ᠬᠠᠮᠲᠤ ᠬᠦᠴᠦ ᠶᠠᠪᠤᠵᠤ ᠪᠠᠢᠭᠰᠠᠨ ᠮᠣᠳᠣᠴᠢᠨ ᠰᠢᠪᠠᠷᠴᠢᠨ ᠠᠬ᠎ᠠ ᠳᠡᠭᠦᠦ ᠨᠠᠷ ᠢ᠋ᠶ᠋ᠠᠨ ᠭᠡᠷ ᠲᠡᠭᠡᠨ ᠤᠷᠢᠵᠤ᠄
    《ᠶᠠᠭᠤᠨ ᠤ᠋ ᠴᠢᠨᠢ ᠡᠵᠡᠨ ᠲᠩᠷᠢ ᠬᠠᠭᠠᠨ ᠠ᠋ᠴᠠ ᠮᠣᠳᠣᠴᠢᠨ ᠰᠢᠪᠠᠷᠴᠢᠨ ᠢ᠋ ᠵᠠᠯᠠᠬᠤ ᠪᠣᠢ᠂ ᠶᠠᠰᠤ ᠪᠠᠨ ᠶᠠᠢᠷᠠᠭᠤᠯᠵᠤ ᠨᠠᠰᠤ ᠪᠠᠨ ᠠᠯᠳᠠᠬᠤ ᠳ᠋ᠤ᠌ ᠬᠦᠷᠦᠭᠰᠡᠨ ᠷᠠᠳᠨ᠎ᠡ ᠨᠣᠶᠠᠨ  ᠢᠯᠳᠠᠭ① ᠮᠡᠬᠡ ᠭᠠᠷᠭᠠᠵᠤ ᠪᠢᠳᠡᠨ ᠢ᠋ ᠬᠣᠣᠷᠯᠠᠨ ᠠᠯᠠᠵᠤ᠂ ᠶᠠᠪᠤᠭᠰᠠᠨ ᠬᠦᠴᠦᠨ ᠦ᠌ ᠬᠥᠯᠥᠰᠥ ᠮᠥᠩᠭᠥ ᠶ᠋ᠢ ᠵᠠᠯᠭᠢᠬᠤ ᠭᠡᠵᠦ ᠪᠠᠢᠨ᠎ᠠ》 ᠭᠡᠵᠦ ᠬᠡᠯᠡᠭᠰᠡᠨ ᠳ᠋ᠦ᠍ ᠣᠯᠠᠨ ᠢ᠋ᠶ᠋ᠠᠷ ᠢ᠋ᠶ᠋ᠠᠨ ᠪᠦᠷ ᠵᠥᠪ ᠭᠡᠵᠡᠢ᠃ ᠣᠯᠠᠨ ᠢ᠋ᠶ᠋ᠠᠷ ᠢ᠋ᠶ᠋ᠠᠨ ᠵᠥᠪᠳᠡᠯᠴᠡᠬᠦ ᠳ᠋ᠦ᠍ ᠪᠠᠯᠭᠠᠨᠰᠠᠩ᠂ ᠬᠠᠷ᠎ᠠ ᠰᠠᠨᠠᠭ᠎ᠠ ᠲᠠᠢ ᠷᠠᠳᠨ᠎ᠡ ᠨᠣᠶᠠᠨ ᠠ᠋ᠴᠠ ᠬᠠᠷᠢᠭᠤ ᠥᠰᠢᠶ᠎ᠡ ᠠᠪᠬᠤ ᠬᠠᠪᠤᠲᠠᠢ ᠨᠢᠭᠡᠨ ᠠᠷᠭ᠎ᠠ ᠭᠠᠷᠭᠠᠵᠤ ᠭᠡᠨ᠎ᠡ᠃ ᠲᠡᠭᠡᠭᠡᠳ ᠳᠠᠷᠠᠭ᠎ᠠ ᠡᠳᠦᠷ ᠡᠴᠡ ᠨᠢ ᠡᠬᠢᠯᠡᠨ ᠬᠡᠳᠦᠭᠦᠯᠡ ᠪᠡᠨ ᠰᠠᠮ ᠢ᠋ᠶ᠋ᠠᠷ ᠡᠳᠦᠷ ᠰᠥᠨᠢ ᠦᠭᠡᠢ ᠡᠭᠡᠯᠵᠢᠯᠡᠨ《ᠲᠩᠷᠢ ᠳ᠋ᠦ᠍ ᠮᠣᠷᠳᠠᠬᠤ》 ᠭᠠᠵᠠᠷ ᠲᠠᠭᠠᠨ ᠬᠦᠷᠲᠡᠯ᠎ᠡ ᠨᠦᠬᠡᠨ ᠰᠤᠪᠠᠭ ᠮᠠᠯᠲᠠᠵᠤ ᠲᠠᠯᠪᠢᠵᠠᠢ᠃
     ᠳᠣᠯᠣᠭᠠᠨ ᠬᠣᠨᠣᠭ ᠤ᠋ᠨ ᠳᠠᠷᠠᠭ᠎ᠠ ᠮᠣᠳᠣᠴᠢᠨ ᠰᠢᠪᠠᠷᠴᠢᠨ ᠬᠡᠳᠦᠭᠦᠯᠡ ᠪᠡᠨ ᠷᠠᠳᠨ᠎ᠡ ᠨᠣᠶᠠᠨ ᠤ᠋ ᠳ᠋ᠠᠭᠠᠨ ᠬᠦᠷᠴᠦ ᠢᠷᠡᠵᠦ ᠭᠡᠨ᠎ᠡ᠃ ᠷᠠᠳᠨ᠎ᠡ ᠨᠣᠶᠠᠨ ᠦᠵᠡᠭᠡᠳ᠄《ᠮᠢᠨᠦ ᠭᠠᠷᠭᠠᠭᠰᠠᠨ ᠮᠡᠷᠭᠡᠨ ᠠᠷᠭ᠎ᠠ ᠶ᠋ᠢ ᠡᠳᠡᠨᠦᠰ ᠴᠢᠨᠢ ᠮᠡᠳᠡᠭᠡᠳᠦᠢ ᠪᠠᠢᠨ᠎ᠠ ᠰᠢᠦ》 ᠭᠡᠵᠦ ᠳᠣᠲᠣᠷ᠎ᠠ ᠪᠠᠨ ᠪᠣᠳᠣᠭᠠᠳ᠂ ᠶᠡᠬᠡᠯ᠎ᠡ ᠳᠣᠲᠣᠨᠣᠰᠣᠭ ᠬᠠᠯᠠᠭᠤᠨ ᠢ᠋ᠶ᠋ᠠᠷ  ᠠᠮᠤᠷ ᠮᠡᠨᠳᠦ ᠶ᠋ᠢ ᠨᠢ ᠡᠷᠢᠵᠦ ᠠᠷᠢᠬᠢ ᠳᠡᠷᠡᠰᠦᠨ ᠰᠢᠷᠡᠭᠡ ᠪᠠᠵᠠᠭᠠᠵᠤ᠂ ᠬᠤᠷᠢᠮ ᠳᠠᠢᠯᠠᠯᠭ᠎ᠠ ᠬᠢᠵᠦ ᠭᠡᠨ᠎ᠡ᠃ ᠬᠤᠨᠳᠠᠭ᠎ᠠ ᠡᠷᠭᠦᠨ  ᠠᠷᠢᠬᠢ ᠤᠤᠭᠤᠵᠤ᠂ ᠬᠢᠲᠤᠭ᠎ᠠ ᠡᠷᠭᠢᠯᠳᠦᠭᠦᠯᠦᠨ ᠮᠢᠬ᠎ᠠ ᠢᠳᠡᠵᠦ ᠪᠠᠢᠬᠤ ᠶ᠋ᠢᠨ ᠵᠠᠭᠤᠷ᠎ᠠ᠂ ᠷᠠᠳᠨ᠎ᠡ ᠨᠣᠶᠠᠨ ᠤᠷᠢᠳᠠᠪᠠᠷ᠄
  《ᠮᠠᠷᠭᠠᠰᠢ ᠶ᠋ᠢᠨ ᠪᠠᠷᠰ ᠴᠠᠭ ᠲᠤ᠌
       ᠮᠠᠨᠳᠤᠬᠤ ᠨᠠᠷᠠᠨ ᠤ᠋ ᠲᠤᠶᠠᠭᠠᠯᠠᠯ ᠢ᠋ ᠪᠠᠷᠠᠳᠠᠭᠤᠯᠤᠨ᠂
       ᠮᠣᠳᠣᠴᠢᠨ ᠰᠢᠪᠠᠷᠴᠢᠨ ᠲᠠ ᠪᠦᠬᠦᠨ ᠢ᠋ᠶ᠋ᠡᠨ
       ᠮᠠᠨᠳᠠᠯ ᠲᠩᠷᠢ ᠳ᠋ᠦ᠍ ᠦᠳᠡᠵᠦ ᠮᠣᠷᠳᠠᠭᠤᠯᠤᠶ᠎ᠠ》 ᠭᠡᠰᠡᠨ ᠳ᠋ᠦ᠍᠂ ᠪᠠᠯᠭᠠᠨᠰᠠᠩ ᠥᠭᠡᠳᠡ᠎ᠡᠴᠡ ᠨᠢ᠄
    《ᠮᠣᠨᠢᠣ② ᠡᠳᠦᠷ ᠠᠳᠢᠶ᠎ᠠ ᠭᠠᠷᠠᠭ ᠲᠠᠭᠠᠷᠠᠵᠠᠢ᠂
       ᠮᠣᠷᠳᠠᠵᠤ ᠭᠠᠷᠬᠤ ᠳ᠋ᠤ᠌ ᠬᠡᠢ ᠮᠣᠷᠢ ᠰᠠᠢᠨ ᠡᠳᠦᠷ ᠠ᠋!
       ᠮᠣᠷᠳᠠᠬᠤ ᠵᠦᠭ  ᠮᠥᠷ ᠢ᠋ᠶ᠋ᠡᠨ ᠭᠠᠷᠭᠠᠵᠤ ᠦᠵᠡᠬᠦᠯ᠎ᠡ᠂
       ᠮᠣᠭᠠᠢᠲᠤ ᠶ᠋ᠢᠨ ᠬᠥᠲᠥᠯ ᠦ᠋ᠨ ᠵᠠᠮ ᠤ᠋ᠨ ᠪᠠᠯᠴᠢᠷ ᠰᠠᠢᠨ ᠭᠡᠨ᠎ᠡ》 ᠭᠡᠵᠡᠢ᠃
       ᠷᠠᠳᠨ᠎ᠠ ᠨᠣᠶᠠᠨ ᠰᠣᠨᠣᠰᠤᠭᠠᠳ᠄《ᠵᠠ᠂ ᠪᠣᠯᠵᠠᠢ! ᠮᠠᠭᠤ ᠰᠠᠢᠨ ᠭᠤᠶ᠋ᠢᠷᠠᠨᠴᠢᠳ ᠮᠢᠨᠢ ᠮᠣᠭᠠᠢᠲᠤ ᠶ᠋ᠢᠨ ᠬᠥᠲᠥᠯ ᠢ᠋ᠶ᠋ᠡᠷ ᠢ᠋ᠶ᠋ᠡᠨ ᠲᠣᠨᠢᠯ!》 ᠭᠡᠵᠦ ᠪᠤᠳᠤᠭᠠᠳ᠂
   《ᠪᠣᠯᠤᠨ᠎ᠠ! ᠪᠣᠯᠤᠨ᠎ᠠ! ᠲᠠ ᠪᠦᠬᠦᠨ ᠦ᠌ ᠬᠦᠰᠡᠯ ᠳᠤᠷ᠎ᠠ ᠪᠠᠷ ᠪᠣᠯᠤᠶ᠎ᠠ》 ᠭᠡᠪᠡ᠃
      ᠲᠡᠭᠡᠭᠡᠳ ᠲᠡᠷᠡ ᠰᠥᠨᠢ ᠳ᠋ᠡᠭᠡᠨ ᠪᠠᠯᠭᠠᠨᠰᠠᠩ᠂ ᠮᠣᠳᠣᠴᠢᠨ ᠰᠢᠪᠠᠷᠴᠢᠳ ᠲᠠᠢ ᠪᠠᠨ ᠷᠠᠳᠨ᠎ᠠ ᠨᠣᠶᠠᠨ ᠤ᠋ ᠪᠡᠯᠡᠳᠬᠡᠭᠰᠡᠨ ᠲᠦᠯᠡᠭᠡ ᠶ᠋ᠢ ᠬᠡᠳᠦᠢᠨ ᠬᠡᠯᠡᠯᠴᠡᠵᠦ ᠲᠣᠬᠢᠷᠠᠭᠠᠳ ᠮᠠᠯᠲᠠᠵᠤ ᠪᠡᠯᠡᠳᠬᠡᠭᠰᠡᠨ ᠨᠦᠬᠡᠨ ᠰᠤᠪᠠᠭ ᠤ᠋ᠨ ᠢ᠋ᠶ᠋ᠠᠨ ᠠᠮᠠᠰᠠᠷ ᠳᠡᠭᠡᠷ᠎ᠡ ᠣᠪᠣᠭᠠᠯᠠᠵᠤ ᠲᠠᠯᠪᠢᠵᠠᠢ᠃
      ᠮᠠᠷᠭᠠᠰᠢ ᠶ᠋ᠢᠨ ᠬᠢᠨᠢ ᠥᠷᠯᠥᠭᠡ᠂ ᠨᠠᠷᠠᠨ ᠮᠠᠨᠳᠤᠬᠤ ᠶ᠋ᠢᠨ ᠦᠶᠡᠰ ᠪᠠᠯᠭᠠᠨᠰᠠᠩ᠂ ᠮᠣᠳᠣᠴᠢᠨ ᠰᠢᠪᠠᠷᠴᠢᠨ ᠨᠠᠷ ᠲᠠᠢ ᠪᠠᠨ ᠣᠪᠣᠭᠠᠲᠠᠢ ᠲᠦᠯᠡᠭᠡᠨ ᠳᠡᠭᠡᠷ᠎ᠡ ᠭᠠᠷᠴᠤ᠂ ᠪᠤᠷᠬᠠᠨ ᠪᠣᠯᠬᠤ ᠮᠠᠶᠢᠭ ᠢ᠋ᠶ᠋ᠠᠷ ᠵᠠᠪᠢᠯᠠᠵᠤ ᠰᠠᠭᠤᠭᠠᠳ ᠠᠯᠠᠭ᠎ᠠ ᠪᠠᠨ ᠬᠠᠪᠰᠤᠷᠭᠠᠨ ᠵᠠᠯᠪᠢᠷᠠᠭᠰᠠᠭᠠᠷ᠄
       《ᠠᠶᠠᠭᠠᠨ ᠤ᠋ ᠬᠠᠷᠢᠭᠤ ᠡᠳᠦᠷ ᠲᠡᠭᠡᠨ᠂
       ᠠᠭᠲᠠ ᠶ᠋ᠢᠨ ᠬᠠᠷᠢᠭᠤ ᠵᠢᠯ ᠳ᠋ᠡᠭᠡᠨ᠂
       ᠢᠪᠡᠭᠡᠯᠳᠦ ᠨᠣᠶᠠᠨ ᠤ᠋ ᠥᠷᠥᠰᠢᠶᠡᠯ ᠢ᠋
       ᠢᠷᠡᠬᠦ ᠵᠢᠯ ᠦ᠋ᠨ ᠬᠠᠪᠤᠷ ᠬᠠᠷᠢᠭᠤᠯᠤᠶ᠎ᠠ!
       ᠰᠠᠢᠨ ᠰᠠᠭᠤᠵᠤ ᠪᠠᠢᠭᠠᠷᠠᠢ ᠳᠠ᠂
       ᠰᠠᠪᠠ ᠰᠠᠭᠤᠯᠠᠭ᠎ᠠ ᠴᠢᠨᠢ  ᠪᠢᠯᠬᠠᠭᠠᠷᠠᠢ! 
       ᠡᠷᠡᠭᠦᠯ ᠮᠡᠨᠳᠦ ᠪᠠᠢᠭᠠᠷᠠᠢ ᠳᠠ᠂
       ᠡᠷᠭᠢᠭᠡᠳ ᠢᠷᠡᠬᠦ ᠶ᠋ᠢ ᠮᠢᠨᠢ ᠬᠦᠯᠢᠶᠡᠭᠡᠷᠡᠢ!》 ᠭᠡᠵᠦ ᠬᠡᠯᠡᠭᠰᠡᠨ ᠳ᠋ᠦ᠍ ᠷᠠᠳᠨ᠎ᠠ ᠨᠣᠶᠠᠨ᠄《ᠵᠠᠮ ᠳ᠋ᠠᠭᠠᠨ ᠰᠠᠢᠨ ᠶᠠᠪᠤᠭᠠᠷᠠᠢ ᠳᠠ᠂
       ᠵᠠ ᠲᠡᠭᠡᠭᠡᠳ ᠪᠤᠰᠢᠭᠤᠬᠠᠨ ᠪᠤᠴᠠᠵᠤ ᠢᠷᠡᠭᠡᠷᠡᠢ!》 ᠭᠡᠳ᠂  ᠵᠠᠷᠤᠴᠠ ᠨᠠᠷ ᠲᠠᠭᠠᠨ᠄《ᠲᠦᠷᠭᠡᠨ! ᠪᠤᠰᠢᠭᠤᠯᠠ! ᠲᠠᠯ᠎ᠠ ᠲᠠᠯ᠎ᠠ ᠠ᠋ᠴᠠ ᠨᠢ ᠭᠠᠯ ᠨᠣᠴᠣᠭ᠎ᠠ! ᠬᠣᠢᠨ᠎ᠠ ᠡᠮᠦᠨ᠎ᠡ ᠡᠴᠡ ᠨᠢ ᠬᠤᠷᠳᠤᠨ ᠭᠠᠯ ᠣᠷᠣᠭᠤᠯ!》 ᠭᠡᠵᠦ ᠵᠠᠷᠯᠢᠭ ᠪᠠᠭᠤᠯᠭᠠᠵᠤ ᠭᠡᠨ᠎ᠡ᠃
    ᠵᠠᠭᠤᠨ ᠲᠡᠷᠭᠡ ᠲᠦᠯᠡᠭᠡᠨ ᠦ᠌ ᠭᠠᠯ ᠤ᠋ᠨ ᠳᠥᠯᠥ ᠲᠩᠷᠢ ᠲᠤᠯᠤᠮ᠎ᠠ ᠳᠦᠷᠡᠯᠵᠡᠵᠦ ᠬᠠᠷ᠎ᠠ ᠤᠲᠤᠭ᠎ᠠ ᠮᠠᠨᠠᠷᠠᠨ᠂ ᠬᠠᠷᠠᠵᠤ ᠪᠠᠢᠭ᠎ᠠ ᠬᠥᠮᠦᠰ ᠬᠠᠪᠢᠳᠠᠨ ᠴᠢᠳᠠᠬᠤ ᠦᠭᠡᠢ  ᠪᠠᠢᠬᠤ ᠳ᠋ᠤ᠌ ᠪᠠᠯᠭᠠᠨᠰᠠᠩ ᠮᠣᠳᠣᠴᠢᠨ ᠰᠢᠪᠠᠷᠴᠢᠨ ᠨᠠᠷ ᠲᠠᠢ ᠪᠠᠨ ᠣᠪᠣᠭᠠᠲᠠᠢ ᠲᠦᠯᠡᠭᠡᠨ ᠦ᠌ ᠣᠷᠣᠢ ᠳᠡᠭᠡᠷ᠎ᠡ ᠡᠴᠡ  ᠣᠩᠬᠣᠢᠯᠠᠵᠣ ᠪᠡᠯᠡᠳᠬᠡᠭᠰᠡᠨ ᠬᠥᠨᠳᠡᠢ ᠪᠡᠷ ᠳᠣᠷᠣᠭᠰᠢ ᠪᠠᠭᠤᠵᠤ᠂ ᠥᠨᠥ ᠮᠠᠯᠲᠠᠭᠰᠠᠨ ᠨᠦᠬᠡ ᠪᠡᠷ ᠢ᠋ᠶ᠋ᠡᠨ ᠭᠡᠷ ᠲᠡᠭᠡᠨ ᠬᠠᠷᠢᠵᠤ ᠢᠷᠡᠭᠡᠳ᠂ ᠬᠥᠮᠦᠨ ᠠᠮᠢᠲᠠᠨ ᠳ᠋ᠤ᠌ ᠦᠵᠡᠭᠳᠡᠬᠦ ᠦᠭᠡᠢ ᠨᠦᠬᠡᠨ ᠭᠡᠷ ᠲᠦ᠍ ᠠᠮᠢᠳᠤᠷᠠᠵᠤ ᠭᠡᠨ᠎ᠡ᠃
     ᠷᠠᠳᠨ᠎ᠠ ᠨᠣᠶᠠᠨ᠂ ᠭᠡᠷ ᠲᠡᠭᠡᠨ ᠬᠠᠷᠢᠵᠤ ᠢᠷᠡᠭᠡᠳ᠂ ᠬᠠᠷᠠᠳᠠᠭᠤᠨ ᠰᠠᠨᠠᠭ᠎ᠠ ᠨᠢ ᠬᠠᠨᠤᠮᠵᠢᠲᠠᠢ ᠪᠣᠯᠤᠭᠰᠠᠨ ᠳ᠋ᠠᠭᠠᠨ ᠬᠤᠢᠬᠤᠷ ᠪᠢᠴᠢᠭᠡᠴᠢ ᠲᠡᠢ ᠪᠡᠨ ᠬᠣᠶᠠᠭᠤᠯᠠ᠂ ᠬᠤᠷᠠᠭᠠᠨ ᠮᠢᠬ᠎ᠠ ᠲᠠᠪᠠᠭᠯᠠᠵᠤ᠂ ᠬᠤᠨᠳᠠᠭ᠎ᠠ ᠡᠷᠭᠦᠨ ᠬᠡᠯᠡᠯᠴᠡᠵᠦ ᠰᠠᠭᠤᠬᠤ ᠳ᠋ᠠᠭᠠᠨ᠄
    《ᠦᠬᠦᠯ ᠨᠢ ᠢᠷᠡᠭᠰᠡᠨ ᠭᠤᠢᠷᠠᠨᠴᠢᠳ ᠤ᠋ᠨ
         ᠦᠬᠦᠭᠡᠷ ᠨᠢ ᠣᠳᠣ ᠦᠨᠡᠰᠦ ᠪᠣᠯᠵᠤ ᠳᠠ᠂
         ᠤᠬᠠᠭᠠᠨ ᠲᠠᠢ ᠬᠥᠮᠦᠨ ᠤᠯᠠᠭᠠᠨ ᠰᠢᠷᠡᠭᠡᠨ ᠳ᠋ᠦ᠍ ᠰᠠᠭᠤᠨ᠎ᠠ
         ᠤᠬᠠᠭᠠᠨ ᠦᠭᠡᠢ ᠠᠮᠢᠲᠠᠨ ᠣᠯᠠᠨ ᠤ᠋ ᠰᠢᠪᠰᠢᠭ ᠪᠣᠯᠤᠨ᠎ᠠ》 ᠭᠡᠵᠦ ᠭᠡᠨ᠎ᠡ᠃
     ᠡᠳᠦᠷ ᠬᠣᠨᠣᠭ ᠭᠡᠭᠴᠢ ᠤᠳᠠᠨ᠎ᠠ ᠤᠤ ᠳᠠ᠂ ᠣᠨ ᠵᠢᠯ ᠭᠡᠭᠴᠢ ᠲᠦᠷᠭᠡᠨ ᠶᠦ᠍ᠮ᠃ ᠤᠳᠠᠭᠰᠠᠨ ᠦᠭᠡᠢ ᠨᠠᠮᠤᠷ ᠥᠩᠭᠡᠷᠡᠭᠡᠳ ᠡᠪᠦᠯ ᠪᠣᠯᠵᠤ᠂ ᠡᠪᠦᠯ ᠢ᠋ ᠲᠤᠭᠤᠯᠤᠭᠠᠳ
ᠬᠠᠪᠤᠷ ᠪᠣᠯᠵᠠᠢ᠃ ᠭᠡᠨᠡᠳᠲᠡ ᠨᠢᠭᠡᠨ ᠰᠥᠨᠢ ᠪᠠᠯᠭᠠᠨᠰᠠᠩ᠂ ᠮᠣᠳᠣᠴᠢᠨ ᠰᠢᠪᠠᠷᠴᠢᠳ ᠲᠠᠢ ᠪᠠᠨ ᠬᠡᠳᠦᠭᠦᠯᠡ᠂ ᠰᠢᠷ᠎ᠠ ᠳᠡᠪᠡᠯ ᠱᠠᠮᠤᠤ ③ ᠮᠠᠯᠠᠭᠠᠢ ᠡᠮᠦᠰᠦᠨ᠂ ᠠᠪᠳᠠᠷ᠎ᠠ ᠳᠦᠭᠦᠷᠡᠩ ᠠᠯᠲᠠ ᠮᠥᠩᠭᠥ᠂ ᠬᠣᠷᠭᠣ ᠳᠦᠭᠦᠷᠡᠩ ᠬᠣᠷᠭᠣᠢ ᠲᠣᠷᠭ᠎ᠠ ᠳᠠᠮᠨᠠᠭᠰᠠᠭᠠᠷ᠂ ᠷᠠᠳᠨ᠎ᠠ ᠨᠣᠶᠠᠨ ᠤ᠋ ᠸᠠᠭᠠᠷᠠᠨ ᠪᠠᠢᠰᠢᠩ ᠤ᠋ᠨ ᠣᠷᠣᠢ ᠳᠡᠭᠡᠷ᠎ᠡ ᠵᠣᠭᠰᠣᠭᠠᠳ᠄
    《ᠷᠠᠳᠨ᠎ᠠ ᠨᠣᠶᠠᠨ ᠭᠡᠷ ᠲᠡᠭᠡᠨ ᠪᠠᠢᠨ᠎ᠠ ᠤᠤ?》 ᠭᠡᠵᠦ ᠬᠠᠰᠬᠢᠷᠴᠤ ᠭᠡᠨ᠎ᠡ᠃ ᠳᠡᠯᠪᠡᠷᠡᠲᠡᠯ᠎ᠡ ᠪᠡᠨ ᠢᠳᠡᠵᠦ ᠦᠬᠦᠰᠢᠷᠡᠲᠡᠯ᠎ᠡ ᠪᠡᠨ ᠤᠨᠲᠠᠵᠤ ᠪᠠᠢᠭᠰᠠᠨ ᠷᠠᠳᠨ᠎ᠠ ᠨᠣᠶᠠᠨ᠂ ᠪᠠᠢᠰᠢᠩ ᠤ᠋ᠨ ᠣᠷᠣᠢ ᠳᠡᠭᠡᠷ᠎ᠡ ᠡᠴᠡ ᠪᠠᠷᠬᠢᠷᠠᠬᠤ ᠳᠠᠭᠤᠨ ᠢ᠋ ᠰᠣᠨᠣᠰᠤᠭᠠᠳ ᠰᠣᠴᠢᠨ ᠰᠡᠷᠡᠵᠦ᠂ ᠵᠡᠭᠦᠷᠮᠡᠭ ᠢ᠋ᠶ᠋ᠡᠷ ᠢ᠋ᠶ᠋ᠡᠨ ᠬᠥᠯ ᠨᠢᠴᠦᠭᠦᠨ ᠭᠠᠷᠴᠤ ᠦᠵᠡᠬᠦᠯ᠎ᠡ ᠬᠠᠷᠢᠨ ᠪᠠᠯᠭᠠᠨᠰᠠᠩ᠂ ᠮᠣᠳᠣᠴᠢᠨ ᠰᠢᠪᠠᠷᠴᠢᠳ ᠢ᠋ᠶ᠋ᠠᠨ ᠳᠠᠭᠠᠭᠤᠯᠤᠨ ᠬᠦᠷᠴᠦ ᠢᠷᠡᠭᠡᠳ ᠵᠣᠭᠰᠣᠵᠤ ᠪᠠᠢᠵᠠᠢ᠃ ᠷᠠᠳᠨ᠎ᠠ ᠨᠣᠶᠠᠨ ᠰᠦᠨᠡᠰᠦ ᠪᠡᠨ ᠭᠠᠷᠲᠠᠯ᠎ᠠ ᠠᠶᠤᠨ᠂ ᠭᠠᠷᠬᠠᠨ ᠨᠢᠳᠦ ᠨᠢ ᠭᠠᠪᠠᠯᠠ ᠶ᠋ᠢᠨ ᠣᠷᠣᠢ ᠳᠡᠭᠡᠷ᠎ᠡ ᠨᠢ ᠭᠠᠷᠴᠤ᠂ ᠲᠡᠷᠡ ᠳᠣᠣᠷ᠎ᠠ ᠪᠠᠨ ᠯᠠᠭ ᠮᠡᠯᠡᠬᠡᠢ ᠰᠢᠭ᠌ ᠭᠠᠵᠠᠷ ᠲᠤ᠌ ᠨᠠᠭᠠᠯᠳᠤᠨ ᠰᠥᠭᠥᠳᠦᠭᠡᠳ᠄
    《ᠲᠠ᠁ ᠲᠠ ᠨᠠᠷ ᠴᠢᠨᠢ ᠶᠠᠭᠠᠬᠢᠭᠠᠳ ᠬᠠᠷᠢᠵᠤ ᠢᠷᠡᠪᠡ?》ᠭᠡᠵᠦ ᠠᠰᠠᠭᠤᠭᠰᠠᠨ ᠳ᠋ᠤ᠌ ᠪᠠᠯᠭᠠᠨᠰᠠᠩ᠄
    《ᠲᠠᠷᠢᠭᠰᠠᠨ ᠪᠤᠳᠠᠭ᠎ᠠ ᠤᠷᠭᠤᠳᠠᠭ᠂
       ᠲᠠᠬᠢᠭᠰᠠᠨ ᠪᠤᠷᠬᠠᠨ ᠤᠷᠪᠠᠳᠠᠭ᠂
       ᠢᠳᠡᠭᠰᠡᠨ ᠬᠣᠭᠣᠯᠠ ᠰᠢᠩᠭᠡᠳᠡᠭ᠂
       ᠶᠠᠪᠤᠭᠰᠠᠨ ᠬᠥᠮᠦᠨ ᠢᠷᠡᠳᠡᠭ! ᠪᠢᠳᠡ ᠲᠠᠨ ᠤ᠋ ᠬᠥᠭᠵᠢᠭᠰᠡᠨ ᠭᠠᠯ ᠢ᠋ᠶ᠋ᠠᠷ ᠳᠡᠭᠳᠡᠵᠦ ᠡᠭᠦᠯᠡ ᠬᠥᠯᠭᠡᠯᠡᠨ ᠲᠡᠷᠡ ᠡᠳᠦᠷ ᠲᠡᠭᠡᠨ ᠲᠩᠷᠢ ᠶ᠋ᠢᠨ ᠣᠷᠳᠣᠨ᠎ᠠ ᠬᠦᠷᠴᠦ᠂ ᠥᠬᠢᠨ ᠲᠩᠷᠢ ᠶ᠋ᠢᠨ ᠣᠷᠳᠣᠨ ᠢ᠋ ᠰᠡᠯᠪᠢᠨ ᠪᠠᠢᠭᠤᠯᠵᠤ ᠳᠠᠭᠤᠰᠬᠠᠭᠠᠳ ᠬᠥᠯᠥᠰᠥ ᠮᠥᠩᠭᠥ ᠪᠡᠨ ᠣᠯᠵᠤ᠂ ᠬᠤᠷᠮᠤᠰᠲᠠ ᠲᠩᠷᠢ ᠡᠴᠡ ᠪᠠᠭᠤᠵᠤ ᠬᠣᠷᠸ᠎ᠠ ᠶᠢᠷᠲᠢᠨᠴᠦ ᠳ᠋ᠡᠭᠡᠨ ᠪᠤᠴᠠᠵᠤ ᠢᠷᠡᠪᠡ》 ᠭᠡᠵᠦ ᠬᠠᠷᠢᠭᠤᠯᠤᠭᠠᠳ᠂ ᠠᠪᠳᠠᠷ᠎ᠠ ᠳᠦᠭᠦᠷᠡᠩ ᠠᠯᠲᠠ ᠮᠥᠩᠭᠥ ᠪᠡᠨ ᠦᠵᠡᠭᠦᠯᠵᠦ᠂ ᠬᠣᠷᠭᠣ ᠳᠦᠭᠦᠷᠡᠩ ᠬᠣᠷᠭᠣᠢ ᠲᠣᠷᠭ᠎ᠠ ᠪᠠᠨ ᠬᠠᠷᠠᠭᠤᠯᠤᠭᠰᠠᠨ ᠳ᠋ᠤ᠌᠂ ᠬᠣᠪᠳᠣᠭ ᠰᠢᠨᠤᠬᠠᠢ ᠷᠠᠳᠨ᠎ᠠ ᠨᠣᠶᠠᠨ ᠤ᠋ ᠬᠣᠶᠠᠷ ᠵᠠᠪᠠᠵᠢ ᠠ᠋ᠴᠠ ᠨᠢ ᠰᠢᠯᠦᠰᠦ ᠨᠢ ᠰᠡᠢᠷᠡᠵᠦ᠄
     《ᠰᠠᠢᠨ ᠶᠠᠪᠤᠭᠠᠳ ᠢᠷᠡᠭᠰᠡᠨ ᠴᠢᠨᠢ ᠪᠤᠶᠠᠨ ᠲᠠᠢ ᠯᠠ ᠪᠠᠢᠨ᠎ᠠ᠃ ᠭᠡᠷ ᠲᠦ ᠮᠣᠷᠢᠯᠠᠵᠤ ᠪᠠᠭᠤᠮᠤ᠃》ᠭᠡᠵᠦ ᠶᠡᠬᠡᠯ᠎ᠡ ᠬᠦᠨᠳᠦᠳᠬᠡᠵᠡᠢ᠃
     ᠲᠡᠭᠡᠭᠡᠳ ᠭᠡᠷ ᠲᠤᠨᠢ ᠣᠷᠣᠭᠰᠠᠨ ᠤ᠋ ᠬᠣᠢᠨ᠎ᠠ ᠪᠠᠯᠭᠠᠨᠰᠠᠩ᠂ ᠡᠪᠦᠷ ᠳᠣᠲᠣᠷ᠎ᠠ ᠠ᠋ᠴᠠ ᠪᠠᠨ ᠥᠭᠡᠳᠡᠩ ᠢ᠋ᠶ᠋ᠡᠷ ᠭᠠᠳᠠᠷᠯᠠᠵᠤ᠂ ᠬᠡᠮᠡᠷᠯᠢᠭ ᠢ᠋ᠶ᠋ᠡᠷ ᠳᠣᠲᠣᠷᠯᠠᠭᠰᠠᠨ ᠲᠤᠭᠲᠤᠢ ᠭᠠᠷᠭᠠᠨ ᠷᠠᠳᠨ᠎ᠠ ᠨᠣᠶᠠᠨ ᠤ᠋ ᠡᠮᠦᠨ᠎ᠡ ᠳᠡᠯᠭᠡᠨ ᠪᠠᠷᠢᠵᠤ ᠤᠩᠰᠢᠪᠠ᠄
     《ᠤᠸᠮ ᠰᠠᠢᠨ ᠠᠮᠤᠭᠤᠯᠠᠩ ᠪᠣᠯᠲᠤᠭᠠᠢ᠂
              ᠤᠯᠤᠰ ᠠᠮᠢᠲᠠᠨ ᠮᠥᠩᠬᠡᠷᠡᠬᠦ ᠪᠣᠯᠲᠤᠭᠠᠢ᠃
              ᠮᠡᠷᠭᠡᠨ ᠮᠣᠳᠣᠴᠢᠨ ᠢ᠋ᠶ᠋ᠠᠨ ᠶᠠᠪᠤᠭᠤᠯᠣᠭᠰᠠᠨ ᠳ᠋ᠤ᠌ ᠴᠢᠨᠢ
              ᠮᠥᠩᠬᠡ ᠲᠩᠷᠢ ᠪᠠᠶᠠᠰᠪᠠᠢ᠂
             ᠰᠠᠢᠨ ᠰᠢᠪᠠᠷᠴᠢᠨ ᠢ᠋ᠶ᠋ᠠᠨ ᠢᠷᠡᠭᠥᠯᠥᠭᠰᠠᠨ ᠳ᠋ᠤ᠌ ᠴᠢᠨᠢ 
             ᠰᠠᠬᠢᠭᠤᠯᠰᠤᠨ ᠲᠩᠷᠢ ᠪᠠᠶᠠᠰᠪᠠᠢ
             ᠡᠷᠳᠡᠮᠲᠡᠨ ᠪᠠᠷᠢᠯᠭᠠᠴᠢᠨ᠎ᠢᠶᠠᠨ ᠲᠣᠮᠢᠯᠠᠭᠰᠠᠨ ᠳ᠋ᠤ᠌ ᠴᠢᠨᠢ
            ᠡᠵᠡᠨ ᠲᠩᠷᠢ ᠪᠠᠶᠠᠰᠪᠠᠢ᠃
            ᠡᠷᠬᠢᠮ ᠷᠠᠳᠨ᠎ᠡ ᠨᠣᠶᠠᠨ ᠲᠠᠨ ᠢ᠋ 
            ᠡᠳᠦᠭᠡ ᠬᠣᠷᠮᠤᠰᠳᠠ ᠶ᠋ᠢᠨ  ᠳᠠᠢᠯᠠᠯᠭ᠎ᠠ ᠳ᠋ᠤ᠌ ᠵᠠᠯᠠᠵᠤ
            ᠡᠷᠭᠢᠵᠦ ᠪᠤᠴᠠᠬᠤ ᠮᠣᠳᠣᠴᠢᠨ ᠰᠢᠪᠠᠷᠴᠢᠨ ᠢ᠋ᠶ᠋ᠠᠷ
            ᠡᠨᠡᠬᠦ ᠤᠷᠢᠯᠭ᠎ᠠ ᠶ᠋ᠢᠨ ᠪᠢᠴᠢᠭ ᠢ᠋ ᠳᠠᠮᠵᠢᠭᠤᠯᠪᠠ》 ᠭᠡᠵᠡᠢ᠃
      ᠷᠠᠳᠨ᠎ᠡ ᠨᠣᠶᠠᠨ ᠲᠡᠷᠡ ᠤᠷᠢᠯᠭ᠎ᠠ ᠶ᠋ᠢᠨ ᠪᠢᠴᠢᠭ ᠢ᠋ ᠬᠦᠯᠢᠶᠡᠨ ᠠᠪᠴᠤ  ᠳᠡᠯᠭᠡᠨ ᠦᠵᠡᠭᠰᠡᠨ ᠴᠢᠨᠢ᠂ᠠᠯᠲᠠᠨ ᠴᠠᠭᠠᠰᠤᠨ ᠳᠡᠭᠡᠷ᠎ᠡ ᠤᠯᠠᠭᠠᠨ ᠰᠢᠩᠬᠤ ᠪᠠᠷ ᠮᠢᠷᠠᠯᠵᠠᠲᠠᠯ᠎ᠠ ᠪᠢᠴᠢᠭᠰᠡᠨ ᠬᠡᠳᠦᠨ ᠮᠥᠷ ᠦᠰᠦᠭ ᠬᠠᠷᠠᠭᠳᠠᠪᠠ᠃ ᠴᠣᠬᠣᠮ ᠶᠠᠮᠠᠷ ᠦᠰᠦᠭ ᠢ᠋ᠶ᠋ᠡᠷ ᠶᠠᠭᠤ ᠭᠡᠵᠦ ᠪᠢᠴᠢᠭᠰᠡᠨ ᠢ᠋ ᠨᠢ ᠮᠡᠳᠡᠭᠰᠡᠨ ᠦᠭᠡᠢ᠃ ᠭᠡᠪᠡᠴᠦ ᠷᠠᠳᠨ᠎ᠡ ᠨᠣᠶᠠᠨ ᠪᠠᠯᠭᠠᠨᠰᠠᠩ ᠤ᠋ᠨ ᠪᠤᠴᠠᠵᠤ ᠢᠷᠡᠭᠰᠡᠨ ᠪᠠ ᠡᠨᠡᠬᠦ ᠤᠷᠢᠯᠭ᠎ᠠ ᠶ᠋ᠢᠨ ᠪᠢᠴᠢᠭ ᠢ᠋ ᠦᠵᠡᠭᠡᠳ ᠦᠨᠡᠬᠡᠷ ᠡᠵᠡᠨ ᠲᠩᠷᠢ ᠵᠠᠯᠠᠵᠤ ᠪᠠᠢᠨ᠎ᠠ ᠭᠡᠵᠦ ᠢᠲᠡᠭᠡᠭᠡᠳ᠄
     《ᠵᠠ! ᠲᠩᠷᠢ ᠶ᠋ᠢᠨ ᠵᠠᠷᠯᠢᠭ ᠢ᠋ ᠳᠤᠷᠠᠲᠠᠶ᠎ᠠ ᠮᠡᠬᠦᠢᠨ ᠭᠥᠷᠳᠡᠶ᠎ᠡ》 ᠭᠡᠳ ᠬᠦᠯᠢᠶᠡᠨ ᠵᠥᠪᠰᠢᠶᠡᠵᠦ ᠭᠡᠨ᠎ᠡ᠃ᠲᠡᠭᠡᠭᠡᠳ ᠷᠠᠳᠨ᠎ᠡ ᠨᠣᠶᠠᠨ ᠲᠩᠷᠢ ᠳ᠋ᠦ᠍ ᠭᠠᠷᠴᠤ ᠳᠠᠢᠯᠠᠯᠭ᠎ᠠ ᠳ᠋ᠤ᠌ ᠣᠷᠣᠯᠴᠠᠨ ᠬᠡᠮᠵᠢᠶᠡᠯᠡᠰᠢ ᠦᠭᠡᠢ ᠬᠦᠨᠳᠦ ᠪᠡᠯᠡᠭ ᠣᠯᠣᠨ᠎ᠡ ᠭᠡᠵᠦ ᠪᠣᠳᠣᠭᠠᠳ᠄
    《ᠬᠡᠵᠢᠶ᠎ᠡ ᠣᠴᠢᠬᠤ ᠪᠣᠢ? ᠬᠡᠷᠬᠢᠨ ᠶᠠᠪᠤᠬᠤ ᠪᠣᠢ?》 ᠭᠡᠰᠡᠨ ᠳ᠋ᠦ᠍ ᠪᠠᠯᠭᠠᠨᠰᠠᠩ᠄
    《ᠮᠣᠳᠣᠴᠢᠨ ᠰᠢᠪᠠᠷᠴᠢᠨ ᠤ᠋ ᠮᠥᠷ ᠢ᠋ᠶ᠋ᠡᠷ ᠶᠠᠪᠤ᠂
      ᠮᠣᠭᠠᠢᠲᠤ ᠶ᠋ᠢᠨ ᠬᠥᠲᠥᠯ ᠦ᠋ᠨ ᠵᠠᠮ ᠢ᠋ᠶ᠋ᠠᠷ ᠶᠠᠪᠤ᠂
      ᠮᠣᠳᠣᠨ ᠭᠠᠯ ᠤ᠋ᠨ ᠡᠭᠦᠯᠡ ᠪᠡᠷ ᠬᠥᠯᠭᠡᠯᠡᠨ᠂
      ᠮᠣᠷᠢᠨ ᠴᠠᠭ ᠤ᠋ᠨ ᠡᠬᠢᠨ ᠢ᠋ᠶ᠋ᠡᠷ ᠮᠣᠷᠳᠠ!》 ᠭᠡᠵᠦ ᠬᠠᠷᠠᠭᠤᠯᠵᠠᠢ᠃
     ᠮᠠᠷᠭᠠᠰᠢ ᠨᠢ ᠵᠢᠩ ᠦᠳᠡ ᠪᠣᠯᠬᠤ ᠦᠶ᠎ᠡ ᠳ᠋ᠦ᠍ ᠮᠥᠨ ᠮᠣᠭᠠᠢᠲᠤ ᠶ᠋ᠢᠨ ᠬᠥᠲᠥᠯ ᠦ᠋ᠨ ᠵᠠᠮ ᠤ᠋ᠨ ᠪᠠᠯᠴᠢᠷ ᠳᠡᠭᠡᠷ᠎ᠡ ᠮᠣᠳᠣᠨ ᠲᠦᠯᠡᠭᠡ ᠣᠪᠣᠭᠠᠯᠠᠵᠤ᠂ ᠷᠡᠳᠨ᠎ᠡ ᠨᠣᠶᠠᠨ ᠢ᠋ ᠲᠩᠷᠢ ᠶ᠋ᠢᠨ ᠳᠠᠢᠯᠠᠯᠭ᠎ᠠ ᠳ᠋ᠤ᠌ ᠮᠣᠷᠳᠠᠭᠤᠯᠬᠤ ᠪᠣᠯᠵᠠᠢ᠃
    ᠷᠡᠳᠨ᠎ᠡ ᠨᠣᠶᠠᠨ᠂ ᠣᠯᠣᠨᠳᠠᠢ ᠬᠦᠷᠮ᠎ᠡ ᠪᠡᠨ ᠤᠭᠰᠠᠷᠠᠵᠤ᠂ ᠤᠲᠤᠭ᠎ᠠ ᠵᠢᠩᠰᠡ ᠲᠡᠢ ᠮᠠᠯᠠᠭᠠᠢ ᠪᠠᠨ ᠣᠷᠣᠢᠯᠳᠠᠨ᠂ᠥᠬᠢᠨ ᠦ᠌ ᠪᠡᠨ ᠬᠤᠷᠢᠮ ᠳ᠋ᠤ᠌ ᠤᠷᠢᠭᠳᠠᠬᠤ ᠰᠢᠭ᠋ ᠬᠤᠪᠴᠠᠯᠠᠭᠠᠳ᠂ᠣᠪᠣᠭᠠᠯᠠᠭᠰᠠᠨ ᠮᠣᠳᠣᠨ ᠲᠦᠯᠡᠭᠡ ᠶ᠋ᠢᠨ ᠣᠷᠣᠢ ᠳᠡᠭᠡᠷ᠎ᠡ ᠭᠠᠷᠴᠤ᠂ ᠤᠮᠵᠠᠳ④ ᠮᠠᠮ᠎ᠠ ᠰᠢᠭ᠋ ᠵᠠᠪᠢᠯᠠᠨ ᠰᠠᠭᠤᠭᠠᠳ᠂ ᠤᠲᠠᠢ ᠶ᠋ᠢᠨ ᠣᠮᠪᠣ⑤ ᠰᠢᠭ᠋ ᠵᠠᠯᠪᠠᠷᠢᠨ ᠨᠠᠮᠴᠢᠯᠠᠵᠦ᠂ ᠣᠯᠠᠨ ᠤ᠋ ᠵᠦᠭ ᠲᠦ ᠬᠠᠨᠳᠤᠨ᠄
   《ᠮᠠᠯ ᠰᠥᠷᠦᠭ ᠢ᠋ ᠮᠢᠨᠢ ᠰᠠᠢᠨ ᠠᠷᠠᠴᠢᠯᠠᠵᠤ ᠪᠠᠢᠭᠠᠷᠠᠢ᠂
    ᠮᠢᠬ᠎ᠠ ᠪᠤᠳᠠᠭ᠎ᠠ ᠶ᠋ᠢ ᠮᠢᠨᠢ ᠰᠠᠢᠨ ᠠᠷᠪᠢᠯᠠᠵᠤ ᠪᠠᠢᠭᠠᠷᠠᠢ᠂
    ᠮᠠᠨᠽᠤᠰᠢᠷᠢ⑥ ᠪᠤᠷᠬᠠᠨ ᠪᠣᠯᠵᠤ ᠴᠢᠳᠠᠬᠤ ᠦᠭᠡᠢ ᠪᠣᠯᠪᠠᠴᠤ᠂
    ᠮᠠᠭᠠᠳ ᠪᠠᠶᠠᠵᠢᠭᠠᠳ ᠢᠷᠡᠨ᠎ᠡ ᠷᠡᠳᠨ᠎ᠠ ᠪᠢ!》 ᠭᠡᠪᠡ᠃
ᠪᠠᠯᠭᠠᠨᠰᠠᠩ ᠬᠠᠷᠢᠭᠤ ᠳᠤᠨᠢ᠄
    《ᠬᠤᠷᠮᠤᠰᠲᠠ ᠲᠩᠷᠢ ᠬᠣᠭᠰᠢᠯ ᠢ᠋ᠶ᠋ᠠᠨ ᠬᠠᠢᠷᠠᠯᠠᠬᠤ ᠦᠭᠡᠢ᠂
     ᠬᠣᠪᠳᠣᠭ ᠬᠥᠮᠦᠨ ᠦ᠌ ᠬᠣᠳᠣᠭᠣᠳᠣ ᠨᠢ ᠳᠦᠭᠦᠷᠬᠦ ᠦᠭᠡᠢ᠂
     ᠬᠣᠣᠷᠲᠤ ᠮᠣᠭᠠᠢ ᠬᠠᠳᠠᠨ ᠳ᠋ᠤ᠌ ᠳᠠᠷᠤᠭᠳᠠᠵᠤ ᠦᠬᠦᠨ᠎ᠡ᠂
     ᠬᠣᠣᠷ ᠤ᠋ᠨ ᠰᠠᠨᠠᠭᠠᠲᠤ ᠬᠤᠵᠤᠤᠯ᠎ᠡ ᠶ᠋ᠢᠨ ᠭᠠᠯ ᠳ᠋ᠤ᠌ ᠲᠣᠨᠢᠯᠤᠨ᠎ᠠ᠂
     ᠰᠠᠢᠨ ᠶᠠᠪᠤᠭᠠᠳ ᠲᠦᠷᠭᠡᠨ ᠢᠷᠡᠭᠡᠷᠡᠢ!
    ᠰᠠᠭᠰᠠᠷ ᠲᠤ᠌ ᠬᠦᠷᠦᠭᠡᠳ ᠬᠤᠷᠳᠤᠨ ᠪᠤᠴᠠᠭᠠᠷᠠᠢ》 ᠭᠡᠵᠦ ᠬᠡᠯᠡᠭᠡᠳ ᠲᠦᠯᠡᠭᠡᠨ ᠳ᠋ᠦ᠍ ᠭᠠᠯ ᠣᠷᠣᠭᠤᠯᠤᠨ ᠬᠠᠷᠭᠢᠰ ᠷᠠᠳᠨ᠎ᠠ ᠨᠣᠶᠠᠨ ᠢ᠋ ᠰᠢᠲᠠᠭᠠᠨ ᠠᠯᠠᠵᠠᠢ ᠭᠡᠨ᠎ᠡ᠃
         ᠴᠤᠭᠯᠠᠭᠤᠯᠤᠭᠰᠠᠨ ᠣᠷᠣᠨ᠄ ᠴᠠᠬᠠᠷ ᠨᠤᠲᠤᠭ
         ᠶᠠᠷᠢᠭᠰᠠᠨ ᠨᠢ᠄ ᠪᠠᠲᠤᠰᠦ᠋ᠬᠡ
         ᠲᠡᠮᠳᠡᠭᠯᠡᠨ ᠡᠮᠬᠢᠳᠬᠡᠭᠰᠡᠨ ᠨᠢ᠄  ᠮᠠᠬᠠᠢ· ᠮᠥᠷᠡᠨ

 ᠵᠡᠭᠦᠯᠲᠡ᠄
    ① ᠢᠯᠳᠠᠭ— ᠰᠢᠯᠲᠠᠭ ᠭᠡᠰᠡᠨ ᠦᠭᠡᠨ ᠦ᠌ ᠨᠤᠲᠤᠭ ᠤ᠋ᠨ ᠠᠶᠠᠯᠭᠤ᠃
  ② ᠮᠣᠨᠢᠣ— ᠠᠷᠪᠠᠨ ᠬᠣᠶᠠᠷ ᠵᠢᠯ ᠦ᠋ᠨ ᠨᠠᠢ᠍ᠮᠠᠳᠤᠭᠠᠷ ᠨᠢ ᠪᠡᠴᠢᠨ ᠰᠠᠮᠵᠠ ᠭᠡᠰᠡᠨ ᠤᠳᠬ᠎ᠠ ᠲᠠᠢ ᠮᠠᠨᠵᠤ ᠦᠭᠡ᠃
   ③ ᠱᠠᠮᠤᠤ— ᠥᠨᠳᠥᠷ ᠬᠡᠷᠭᠡᠮᠲᠡᠨ ᠯᠠᠮᠠ ᠶ᠋ᠢᠨ ᠵᠡᠭᠦᠳᠡᠭ ᠲᠣᠭᠣᠷᠢᠭ ᠰᠠᠷᠠᠪᠴᠢ ᠲᠠᠢ᠂ ᠱᠠ ᠪᠠᠷ ᠰᠦᠯᠵᠢᠵᠦ ᠬᠢᠭᠰᠡᠨ ᠮᠠᠯᠠᠭᠠᠢ᠃ ᠪᠠᠰᠠ ᠱᠠ ᠮᠠᠯᠠᠭᠠᠢ ᠴᠤ᠌ ᠭᠡᠳᠡᠭ᠃
  ④ ᠤᠮᠵᠠᠳ— ᠰᠦᠮ᠎ᠡ ᠶ᠋ᠢᠨ ᠬᠤᠷᠠᠯ ᠳᠡᠭᠡᠷ᠎ᠡ ᠣᠯᠠᠨ ᠤ᠋ ᠤᠩᠰᠢᠯᠭ᠎ᠠ ᠶ᠋ᠢ ᠤᠲᠤᠷᠢᠳᠣᠨ ᠳᠠᠭᠠᠭᠤᠯᠳᠠᠭ ᠲᠤᠰᠢᠶᠠᠯ ᠲᠠᠢ ᠯᠠᠮᠠ ᠶ᠋ᠢᠨ ᠬᠡᠷᠬᠢᠮ᠃
   ⑤ ᠣᠮᠪᠣ— ᠭᠡᠷ ᠡᠷᠦᠬᠡ ᠡᠴᠡ ᠪᠡᠨ ᠠᠩᠭᠢᠵᠢᠷᠠᠨ ᠲᠤᠰᠬᠠᠢᠯᠠᠨ ᠰᠦᠮ᠎ᠡ ᠳ᠋ᠦ᠍ ᠰᠠᠭᠤᠳᠠᠭ ᠯᠠᠮᠠ ᠶ᠋ᠢᠨ ᠴᠣᠯᠠ᠃
    ⑥ ᠮᠠᠨᠽᠤᠰᠢᠷᠢ— ᠨᠣᠮ ᠤ᠋ᠨ ᠬᠠᠭᠠᠨ ᠭᠡᠰᠡᠨ ᠤᠳᠬ᠎ᠠ ᠲᠠᠢ ᠪᠤᠷᠬᠠᠨ ‍ᠤ ᠨᠡᠷ᠎ᠡ᠂ ᠰᠠᠨᠰᠺᠷᠢᠲ ᠦᠭᠡ᠃ ᠠᠷᠠᠳ ᠤ᠋ᠨ ᠶᠠᠷᠢᠶᠠᠨ ᠳ᠋ᠤ᠌ ᠡᠨᠡ ᠦᠭᠡ ᠶ᠋ᠢ ᠨᠣᠮ ᠪᠢᠴᠢᠭ ᠲᠦ ᠰᠠᠢᠨ᠂ ᠮᠡᠷᠭᠡᠨ ᠰᠡᠴᠡᠨ ᠭᠡᠰᠡᠨ ᠤᠳᠬ᠎ᠠ ᠪᠠᠷ ᠵᠦᠢᠷᠯᠡᠵᠦ ᠬᠡᠷᠡᠭᠯᠡᠳᠡᠭ᠃

ᠦᠰᠦᠭ ᠠᠮᠢᠯᠠᠭᠤᠯᠤᠭᠴᠢ᠄ ᠮᠢᠬᠤᠸᠠᠷ᠂ ᠬᠦᠭᠵᠢᠯᠴᠡᠴᠡᠭ᠂ ᠣᠳᠬᠠᠨᠴᠡᠴᠡᠭ᠂ ᠲᠣᠭᠲᠠᠭᠤᠨ᠂ ᠬᠥᠭᠵᠢᠯᠴᠡᠴᠡᠭ᠂ ᠲᠣᠳᠣᠭᠡᠷᠡᠯ᠂ ᠤᠶᠤᠨᠴᠢᠮᠡᠭ
ᠬᠢᠨᠠᠭᠴᠢ ᠪᠠᠭᠰᠢ᠄  ᠣᠳᠬᠠᠨᠰᠣ᠎ᠠ᠂ ᠲᠣᠭᠲᠠᠭᠤᠨ