ᠬᠣᠨᠢᠨ ᠡᠪᠡᠷ ᠴᠡᠴᠡᠭХонин эвэр цэцэгKhonin ever tsetseg
ᠠᠩᠭᠢᠯᠠᠯ:ᠡᠪᠡᠰᠦ ᠤᠷᠭᠤᠮᠠᠯӨвс ургамал 2025-07-23
249
ᠬᠣᠨᠢᠨ ᠡᠪᠡᠷ ᠴᠡᠴᠡᠭ ᠲᠤᠰ ᠡᠮ ᠪᠣᠯ ᠣᠷᠬᠣᠳᠠᠢ ᠶ᠋ᠢᠨ ᠢᠵᠠᠭᠤᠷ ᠤ᠋ᠨ ᠤᠷᠭᠤᠮᠠᠯ ᠪᠣᠯᠬᠤ ᠪᠣᠷᠣ ᠬᠣᠨᠢᠨ ᠡᠪᠡᠷ ᠴᠡᠴᠡᠭ ᠦ᠋ᠨ ᠬᠠᠲᠠᠭᠠᠭᠰᠠᠨ ᠴᠡᠴᠡᠭ ᠪᠦᠬᠦᠢ ᠡᠪᠡᠰᠦ ᠮᠥᠨ᠃ ᠪᠠᠰᠠ ᠯᠥ᠋ᠭ᠌ᠷᠥ᠋ᠮᠥ᠋ᠭ᠌ᠪᠣ᠂ ᠮᠦᠭᠪᠣᠲ᠋ᠡᠯᠳᠧᠷᠢ᠂ ᠪᠣᠷᠣ ᠯᠦᠭᠷᠦ ᠭᠡᠳᠡᠭ᠃ [ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃30~70cm ᠥᠨᠳᠥᠷ᠂ ᠡᠰᠢ ᠨᠢ ᠰᠢᠯᠤᠭᠤᠨ᠃ ᠮᠠᠰᠢ ᠣᠯᠠᠨ ᠨᠠᠷᠢᠨ ᠰᠢᠷᠬᠡᠭ ᠰᠢᠭ ᠦᠨᠳᠦᠰᠦ ᠲᠡᠢ᠃ ᠡᠰᠢ ᠨᠢ ᠲᠤᠷᠤᠭ ᠪᠦᠳᠦᠭᠦᠨ᠂ ᠭᠣᠣᠯ ᠨᠢ...