ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠠᠷᠪᠠᠨ ᠭᠤᠷᠪᠠ〕 Цаг төрийн үймээн – Д ᠂ Намдаг - Амьдралын зам ᠂ нэгдүгээр бүлэг - 13 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠠᠷᠪᠠᠨ ᠭᠤᠷᠪᠠ〕 Цаг төрийн үймээн – Д ᠂ Намдаг - Амьдралын зам ᠂ нэгдүгээр бүлэг - 13

ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠠᠷᠪᠠᠨ ᠭᠤᠷᠪᠠ〕 Цаг төрийн үймээн – Д ᠂ Намдаг - Амьдралын зам ᠂ нэгдүгээр бүлэг - 13

ᠠᠩᠭᠢᠯᠠᠯ:ᠲᠤᠭᠤᠵᠢ ᠷᠣᠮᠠᠨ
2025-08-08

301

ᠨᠢᠭᠤᠴᠠ ᠶᠠᠪᠤᠭᠤᠯᠭ᠎ᠠ


       ᠳᠠᠩᠵᠢᠶᠠᠳ ᠵᠢᠩᠴᠢᠳ ᠦ᠋ᠨ ᠬᠥᠯᠥᠰᠥ ᠮᠥᠩᠭᠥ᠂ ᠲᠡᠭᠡᠭᠡᠪᠦᠷᠢᠯᠡᠬᠦ ᠪᠠᠷᠠᠭ᠎ᠠ ᠬᠣᠶᠠᠷ ᠢ᠋ ᠮᠠᠷᠭᠠᠰᠢ ᠭᠡᠭᠰᠡᠭᠡᠷ ᠳᠥᠷᠪᠡ ᠬᠣᠨᠣᠵᠠᠢ᠃ ᠡᠨᠡ ᠵᠠᠭᠤᠷ᠎ᠠ ᠵᠢᠩᠴᠢᠳ ᠬᠤᠪᠢ ᠶ᠋ᠢᠨ ᠶᠠᠭᠤᠮᠠᠰ ᠢ᠋ ᠪᠦᠷᠢᠨ ᠪᠣᠷᠣᠯᠠᠭᠤᠯᠵᠤ ᠭᠦᠢᠴᠡᠭᠡᠳ ᠪᠠᠰᠠ ᠲᠠᠪᠤᠳᠠᠬᠢ ᠮᠠᠷᠭᠠᠰᠢ ᠶ᠋ᠢ ᠬᠦᠯᠢᠶᠡᠬᠦ ᠬᠡᠷᠡᠭᠲᠡᠢ ᠪᠣᠯᠵᠠᠢ᠃ ᠰᠥᠨᠢ ᠬᠦᠷᠡᠯ ᠳᠡᠪᠡᠯ ᠬᠤᠪᠴᠠᠰᠤ ᠲᠠᠢᠯᠤᠨ ᠳᠡᠷ᠎ᠡ ᠳᠡᠪᠢᠰᠬᠡᠷ ᠲᠡᠭᠡᠨ ᠣᠷᠣᠵᠤ ᠠᠪᠤᠭᠰᠠᠨ ᠠᠲᠠᠯ᠎ᠠ ᠪᠠᠨ ᠥᠷᠢ ᠠᠯᠳᠠᠭᠰᠠᠨ ᠮᠡᠲᠦ ᠪᠣᠳᠣᠯ ᠪᠣᠯᠤᠨ ᠲᠠᠮᠠᠬᠢ ᠲᠠᠲᠠᠵᠤ ᠨᠡᠯᠢᠶᠡᠳ ᠰᠠᠭᠤᠭᠰᠠᠨ ᠢ᠋ᠶ᠋ᠠᠨ《ᠦᠭᠡᠢ ᠶᠡᠷᠦ ᠣᠢᠯᠠᠭᠠᠬᠤ ᠦᠭᠡᠢ ᠶᠦᠮ ᠳᠡ》 ᠭᠡᠵᠦ ᠬᠤᠪᠢ ᠳ᠋ᠠᠭᠠᠨ ᠬᠡᠯᠡᠨ ᠬᠠᠵᠠᠭᠤ ᠳ᠋ᠠᠬᠢ ᠯᠠ ᠪᠠᠨ ᠦᠯᠢᠶᠡᠨ ᠬᠠᠷᠠᠩᠭᠤᠢ ᠪᠣᠯᠭᠠᠪᠠ᠃ ᠲᠡᠭᠡᠭᠡᠳ ᠨᠥᠮᠥᠷᠦᠭᠰᠡᠨ ᠵᠤᠵᠠᠭᠠᠨ ᠨᠡᠬᠡᠢ ᠳᠡᠪᠡᠯ ᠳ᠋ᠡᠭᠡᠨ ᠰᠢᠷᠭᠤᠨ ᠣᠷᠣᠭᠰᠠᠨ ᠠᠵᠢ᠃ 
       ᠤᠨᠲᠠᠬᠤ ᠶ᠋ᠢᠨ ᠢ᠋ᠶ᠋ᠡᠨ ᠡᠮᠦᠨ᠎ᠡ ᠭᠤᠷᠪᠠ ᠠ᠋ᠴᠠ ᠳᠣᠷᠣᠭᠰᠢ ᠦᠭᠡᠢ ᠤᠩᠰᠢᠳᠠᠭ《ᠳ᠋ᠠᠷᠢ ᠡᠬᠡ》 ᠬᠡᠮᠡᠬᠦ ᠵᠠᠯᠪᠠᠷᠢᠯ ᠤ᠋ᠨ ᠨᠣᠮ ᠢ᠋ ᠴᠡᠭᠡᠵᠢ ᠪᠠᠷ ᠬᠦᠷᠴᠢᠭᠢᠨᠡᠭᠦᠯᠦᠨ ᠤᠩᠰᠢᠯ᠎ᠠ᠃ ᠳᠣᠷᠵᠢ ᠲᠣᠯᠣᠭᠠᠢ ᠳᠡᠷᠡᠨ ᠳᠡᠭᠡᠷ᠎ᠡ ᠲᠠᠯᠪᠢᠩᠭᠤᠲᠠ ᠪᠠᠨ ᠤᠨᠲᠠᠳᠠᠭ ᠶᠣᠰᠣᠭᠠᠷ ᠢ᠋ᠶ᠋ᠠᠷ ᠢ᠋ᠶ᠋ᠠᠨ ᠠᠯᠢ ᠬᠡᠳᠦᠢᠨ ᠦ᠌ ᠲᠠᠴᠢᠭᠢᠨᠠᠲᠠᠯ᠎ᠠ ᠬᠤᠷᠬᠢᠷᠠᠵᠤ ᠪᠠᠢᠯ᠎ᠠ᠃ ᠳ᠋ᠠᠨᠽᠠᠨ ᠨᠥᠬᠥᠳ ᠡᠴᠡ ᠪᠡᠨ ᠲᠦᠷᠦᠭᠦᠯᠡᠨ ᠬᠡᠪᠲᠡᠭᠰᠡᠨ ᠪᠣᠯᠪᠠᠴᠤ ᠠᠵᠤ ᠠᠮᠢᠳᠤᠷᠠᠯ ᠤ᠋ᠨ ᠢ᠋ᠶ᠋ᠠᠨ ᠲᠤᠬᠠᠢ ᠪᠣᠳᠣᠨ ᠤᠨᠲᠠᠬᠤ ᠨᠣᠢᠷ ᠨᠢ ᠬᠤᠯᠵᠢᠪᠠ᠃ ᠶᠠᠪᠤᠭᠰᠠᠨ ᠬᠥᠮᠦᠨ ᠶᠠᠰᠤ ᠵᠠᠭᠤᠨ᠎ᠠ ᠭᠡᠭᠴᠢ ᠪᠡᠷ ᠳ᠋ᠠᠨᠽᠠᠨ᠂ ᠬᠦᠷᠡᠯ ᠳᠣᠷᠵᠢ ᠬᠣᠶᠠᠷ ᠠ᠋ᠴᠠ ᠪᠡᠶ᠎ᠡ ᠬᠥᠯᠥᠰᠥ ᠪᠡᠨ ᠠᠪᠤᠭᠰᠠᠨ ᠪᠥᠭᠡᠳ ᠠᠪᠴᠢᠷᠠᠭᠰᠠᠨ ᠵᠦᠢᠯᠡᠰ ᠢ᠋ᠶ᠋ᠡᠨ ᠬᠦᠷᠡᠯ ᠦ᠋ᠨ ᠲᠤᠰᠠᠯᠠᠮᠵᠢ ᠲᠠᠢ ᠪᠠᠷ ᠪᠣᠷᠣᠯᠠᠭᠤᠯᠤᠭᠰᠠᠨ ᠠᠵᠢ᠃ ᠠᠪᠤᠭᠰᠠᠨ ᠵᠦᠢᠯᠡᠰ ᠨᠢ ᠡᠬᠡ᠂ ᠡᠭᠡᠴᠢ ᠬᠣᠶᠠᠷ ᠲᠤ ᠳᠡᠪᠡᠯ ᠦ᠋ᠨ ᠥᠩᠭᠡ ᠲᠤᠰ ᠪᠦᠷᠢ ᠨᠢᠭᠡ᠂ ᠱᠠᠭ᠎ᠠ ᠵᠤᠯᠤᠭ ᠬᠣᠶᠠᠷ ᠳᠡᠭᠡᠷ᠎ᠡ ᠪᠡᠨ ᠤᠭᠠᠯᠵᠠᠨ ᠯᠤᠤᠴᠢᠨ ᠭᠤᠲᠤᠯ ᠮᠥᠨ ᠲᠤᠰ ᠪᠦᠷᠢ ᠨᠢᠭᠡ᠂ ᠥᠪᠡᠷ ᠲᠡᠭᠡᠨ ᠭᠡᠪᠡᠯ᠄ ᠮᠥᠨ ᠯᠤᠤᠴᠢᠨ ᠭᠤᠲᠤᠯ᠂ ᠴᠠᠭᠠᠨ ᠢᠰᠡᠭᠡᠢ ᠲᠣᠭᠣᠷᠴᠣᠭ᠂ ᠲᠡᠮᠦᠷ ᠬᠡᠲᠡ᠂ ᠬᠢᠲᠤᠭ᠎ᠠ ᠡᠳᠡᠭᠡᠷ ᠡᠴᠡ ᠭᠠᠳᠠᠨ᠎ᠠ ᠬᠡᠳᠦᠢᠪᠡᠷ ᠲᠠᠮᠠᠬᠢ ᠲᠠᠲᠠᠳᠠᠭ ᠦᠭᠡᠢ ᠪᠣᠯᠪᠠᠴᠤ ᠡᠷ᠎ᠡ ᠶ᠋ᠢᠨ ᠴᠢᠨᠡᠭᠡᠨ ᠳ᠋ᠦ᠍ ᠭᠦᠷᠦᠨ ᠠᠶᠠᠨ ᠵᠢᠩ ᠳ᠋ᠦ᠍ ᠶᠠᠪᠤᠭᠰᠠᠨ ᠤ᠋ ᠪᠠᠨ ᠢᠳᠡ ᠪᠠᠬ᠎ᠠ ᠶ᠋ᠢ ᠰᠠᠨᠠᠨ᠂ ᠭᠠᠩᠰᠠᠨ ᠤ᠋ ᠳᠥᠷᠪᠡᠨ ᠬᠤᠷᠤᠭᠤ ᠭᠠᠷᠤᠢ ᠲᠠᠢ ᠤᠷᠲᠤ ᠴᠠᠭᠠᠨ ᠰᠣᠷᠣᠭᠤᠯ ᠨᠢᠭᠡ ᠶ᠋ᠢ ᠠᠪᠴᠠᠢ᠃ ᠭᠡᠲᠡᠯ᠎ᠡ ᠪᠠᠰᠠ ᠬᠡᠨ ᠦ᠌ ᠬᠡᠨ ᠪᠣᠯᠬᠤ ᠶ᠋ᠢ ᠬᠡᠨ ᠬᠥᠮᠦᠨ ᠦ᠌ ᠡᠮᠦᠨ᠎ᠡ ᠬᠡᠯᠡᠬᠦ ᠪᠠᠢᠲᠤᠭᠠᠢ ᠥᠪᠡᠷ ᠢ᠋ᠶ᠋ᠡᠨ ᠨᠢᠭᠤᠷ ᠢ᠋ ᠨᠢ ᠬᠠᠷᠠᠬᠤ ᠪᠦᠷᠢ ᠳ᠋ᠡᠭᠡᠨ ᠢᠴᠢᠨ ᠳᠠᠯᠳᠢᠷᠠᠳᠠᠭ ᠨᠢᠭᠡᠨ ᠡᠮᠡᠭᠲᠡᠢ ᠳ᠋ᠦ᠍ ᠭᠤᠷᠪᠠᠨ ᠲᠣᠮᠣ ᠬᠣᠪ᠂ ᠠᠯᠲᠠᠨ ᠰᠢᠷᠠᠮᠠᠯ ᠡᠭᠡᠮᠦᠭ᠂ ᠨᠢᠭᠤᠷ ᠤ᠋ᠨ ᠪᠢᠴᠢᠬᠠᠨ ᠲᠣᠯᠢ ᠵᠡᠷᠭᠡ ᠶ᠋ᠢ ᠠᠪᠤᠭᠰᠠᠨ ᠶᠠᠪᠤᠳᠠᠯ ᠪᠣᠢ᠃ ᠡᠭᠦᠨᠴᠢᠯᠡᠨ ᠠᠢᠯ ᠠᠢᠮᠠᠭ ᠤ᠋ᠨ ᠬᠥᠮᠦᠰ ᠲᠦ᠍ ᠠᠮᠰᠠᠭᠤᠯᠬᠤ ᠪᠣᠣᠪᠣ ᠰᠢᠬᠢᠷ᠂ ᠵᠢᠮᠢᠰ ᠴᠢᠪᠠᠭ᠎ᠠ ᠶ᠋ᠢᠨ ᠵᠦᠢᠯᠡᠰ ᠢ᠋ ᠪᠦᠷ ᠮᠠᠷᠲᠠᠭ᠎ᠠ ᠦᠭᠡᠢ ᠪᠠᠢᠯ᠎ᠠ᠃ ᠢᠢᠨ ᠬᠦ᠌ ᠪᠦᠬᠦ ᠶᠠᠭᠤᠮ᠎ᠠ ᠪᠦᠷᠢᠨ ᠪᠦᠲᠦᠨ ᠵᠢᠩ ᠳᠠᠩ ᠪᠡᠯᠡᠨ ᠪᠣᠯᠤᠭᠰᠠᠨ ᠤ᠋ ᠳᠡᠭᠡᠷ᠎ᠡ ᠫᠦᠰᠡᠨ ᠦ᠌ ᠵᠦᠭ ᠡᠴᠡ ᠢᠷᠡᠬᠦ ᠲᠡᠮᠡᠭᠡᠨ ᠦ᠌ ᠬᠥᠯᠥᠰᠥ ᠨᠢᠭᠡ ᠵᠠᠭᠤ ᠭᠤᠴᠢᠨ ᠶᠠᠩᠴᠢᠶᠠᠨ ᠢ᠋ ᠬᠦᠯᠢᠶᠡᠵᠦ ᠪᠠᠢᠭ᠎ᠠ ᠪᠢᠯᠡ᠃ ᠳ᠋ᠠᠨᠽᠠᠨ ᠬᠥᠮᠦᠨ ᠪᠣᠯᠤᠭᠰᠠᠭᠠᠷ ᠡᠳᠦᠢ ᠶᠡᠬᠡ ᠣᠯᠵᠠ ᠶ᠋ᠢ ᠣᠯᠵᠤ ᠶᠠᠪᠤᠭ᠎ᠠ ᠦᠭᠡᠢ ᠲᠤᠯᠠ ᠣᠳᠣ ᠣᠷᠴᠢᠯᠠᠩ ᠳ᠋ᠤ᠌ ᠣᠭᠲᠣ ᠥᠭᠡᠷ᠎ᠡ ᠬᠥᠮᠦᠨ ᠪᠣᠯᠴᠢᠬᠠᠭᠰᠠᠨ ᠰᠢᠭ᠋ ᠰᠠᠨᠠᠭᠳᠠᠨ᠎ᠠ᠃ ᠣᠯᠤᠭᠰᠠᠨ ᠣᠯᠵᠠ ᠪᠠᠷ ᠠᠪᠤᠭᠰᠠᠨ ᠶᠠᠭᠤᠮ᠎ᠠ ᠪᠦᠬᠦᠨ ᠦ᠌ ᠦᠵᠡᠰᠬᠦᠯᠡᠩ ᠴᠠᠭ ᠢᠮᠠᠭᠲᠠ ᠰᠡᠳᠬᠢᠯ ᠳ᠋ᠦ᠍ ᠡᠷᠭᠢᠯᠳᠦᠨ᠂ ᠳᠠᠬᠢᠨ ᠳᠠᠬᠢᠨ ᠦᠵᠡᠭᠦᠰᠢᠲᠡᠢ ᠰᠠᠨᠠᠭᠳᠠᠨ᠎ᠠ᠃ ᠬᠣᠢᠰᠢᠳᠠ ᠵᠢᠯ ᠦ᠋ᠨ ᠵᠢᠯ ᠳ᠋ᠦ᠍ ᠵᠠᠩᠴᠢᠬᠦᠦ ᠣᠷᠣᠵᠤ ᠢᠷᠡᠨ ᠣᠯᠵᠠ ᠣᠯᠵᠤ ᠪᠠᠶᠠᠵᠢᠬᠤ ᠲᠤᠬᠠᠢ ᠴᠦ᠍ ᠪᠣᠳᠣᠭᠳᠠᠨ᠎ᠠ᠃ ᠠᠷᠭ᠎ᠠ ᠪᠤᠶᠤ ᠨᠣᠢᠷᠣᠨ ᠳ᠋ᠤ᠌ ᠳᠠᠷᠤᠭᠳᠠᠨ ᠤᠨᠲᠠᠭᠰᠠᠨ ᠤ᠋ ᠳᠠᠷᠠᠭ᠎ᠠ ᠵᠡᠭᠦᠳᠦ ᠮᠥᠨ ᠯᠡ ᠰᠠᠢᠬᠠᠨ᠃ ᠨᠥᠭᠦᠭᠡ ᠬᠡᠨ ᠦ᠌ ᠬᠡᠨ ᠪᠣᠯᠬᠤ ᠶ᠋ᠢ ᠬᠡᠨ ᠪᠦᠬᠦᠨ ᠳ᠋ᠦ᠍ ᠬᠡᠯᠡᠵᠦ ᠪᠣᠯᠳᠠᠭ ᠦᠭᠡᠢ ᠬᠡᠦᠬᠡᠨ ᠨᠢ ᠳ᠋ᠠᠨᠽᠠᠨ ᠤ᠋ ᠪᠡᠯᠡᠭᠯᠡᠭᠰᠡᠨ ᠭᠤᠷᠪᠠᠨ ᠲᠣᠮᠣ ᠰᠢᠷ᠎ᠠ ᠬᠤᠪᠠ ᠶ᠋ᠢ ᠬᠦᠵᠦᠭᠦᠨ ᠳ᠋ᠡᠭᠡᠨ ᠵᠡᠭᠦᠭᠡᠳ᠂ ᠠᠯᠲᠠᠨ ᠰᠢᠷᠠᠮᠠᠯ ᠡᠭᠡᠮᠦᠭ ᠢ᠋ ᠮᠥᠨ ᠴᠢᠬᠢᠨ ᠳ᠋ᠡᠭᠡᠨ ᠵᠡᠭᠦᠭᠡᠳ ᠪᠠᠶᠠᠰᠤᠩᠭᠤᠢ ᠪᠠᠷ ᠢᠴᠢᠩᠭᠦᠷᠬᠡᠨ ᠢᠨᠢᠶᠡᠵᠦ ᠪᠠᠢᠭ᠎ᠠ ᠨᠢ ᠤᠷᠢᠳᠤ ᠤᠷᠢᠳᠤ ᠶ᠋ᠢᠨ ᠬᠢ ᠡᠴᠡ ᠣᠨᠴᠠ ᠰᠠᠢᠬᠠᠨ ᠬᠠᠷᠠᠭᠳᠠᠪᠠ᠃ ᠳ᠋ᠠᠨᠽᠠᠨ ᠣᠳᠣ ᠳᠤᠷ᠎ᠠ ᠰᠡᠳᠬᠢᠯ ᠢ᠋ᠶ᠋ᠡᠨ ᠢᠯᠡᠷᠬᠡᠢᠯᠡᠬᠦ ᠰᠠᠨ ᠭᠡᠵᠦ ᠵᠣᠷᠢᠭᠯᠠᠨ ᠭᠠᠷ ᠢ᠋ ᠨᠢ ᠰᠢᠭᠦᠷᠡᠨ ᠠᠪᠬᠤ ᠳ᠋ᠤ᠌ ᠬᠡᠦᠬᠡᠨ ᠭᠠᠷ ᠢ᠋ᠶ᠋ᠠᠨ ᠤᠭᠵᠠ ᠲᠡᠳᠡᠨ ᠠᠪᠤᠭᠠᠳ ᠳᠠᠬᠢᠨ ᠪᠠᠷᠢᠵᠤ ᠠᠪᠬᠤ ᠭᠡᠬᠦ ᠳ᠋ᠦ᠍ ᠲᠡᠷᠡ ᠨᠢ᠄ ᠪᠢ ᠬᠠᠰᠬᠢᠷᠤᠯ᠎ᠠ ᠰᠢᠦ! ᠭᠡᠳ ᠬᠠᠰᠬᠢᠷᠪᠠ᠃ ᠳ᠋ᠠᠨᠽᠠᠨ ᠬᠥᠮᠦᠨ ᠮᠡᠳᠡᠨ ᠣᠷᠣᠵᠤ ᠢᠷᠡᠨ᠎ᠡ ᠭᠡᠵᠦ ᠤᠬᠠᠭᠠᠨ ᠦᠭᠡᠢ ᠠᠶᠤᠬᠤ ᠳ᠋ᠠᠭᠠᠨ ᠥᠨᠥᠬᠢ ᠬᠡᠦᠬᠡᠨ ᠢ᠋ ᠪᠠᠷᠢᠨ ᠠᠪᠴᠤ ᠠᠮᠠ ᠶ᠋ᠢ ᠨᠢ ᠠᠯᠠᠭ᠎ᠠ ᠪᠠᠷ ᠢ᠋ᠶ᠋ᠠᠨ ᠲᠠᠭᠯᠠᠪᠠ᠃ 
       ᠭᠡᠲᠡᠯ᠎ᠡ ᠤᠨᠲᠠᠭᠰᠠᠨ ᠲᠠᠰᠤᠯᠭᠠᠨ ᠳ᠋ᠤ᠌ ᠦᠨᠡᠬᠡᠷ ᠬᠥᠮᠦᠰ ᠣᠷᠣᠵᠤ ᠢᠷᠡᠭᠰᠡᠨ ᠪᠠᠢᠵᠠᠢ᠃ ᠤᠴᠢᠷ ᠨᠢ ᠦᠯᠦ ᠣᠢᠯᠠᠭᠠᠭᠳᠠᠬᠤ ᠬᠡᠯᠡ ᠪᠡᠷ ᠬᠠᠰᠬᠢᠷᠤᠯᠳᠤᠬᠤ ᠳ᠋ᠤᠨᠢ ᠳ᠋ᠠᠨᠽᠠᠨ ᠰᠣᠴᠢᠨ ᠰᠡᠷᠢᠵᠦ ᠥᠨᠳᠡᠰᠬᠢᠪᠡ᠃ ᠬᠣᠢᠲᠤ ᠲᠠᠯ᠎ᠠ ᠶ᠋ᠢᠨ ᠬᠠᠨᠵᠤᠨ ᠳᠡᠭᠡᠷ᠎ᠡ ᠤᠨᠲᠠᠭᠰᠠᠨ ᠬᠦᠷᠡᠯ᠂ ᠳᠣᠷᠵᠢ ᠨᠠᠷ ᠤ᠋ᠨ ᠤᠷᠢᠳᠤ ᠡᠮᠦᠨ᠎ᠡ ᠦᠵᠡᠭᠳᠡᠭᠡ ᠦᠭᠡᠢ ᠬᠤᠪᠴᠠᠰᠤ ᠲᠠᠢ ᠬᠥᠮᠦᠰ ᠴᠠᠭᠠᠰᠢ ᠬᠠᠷᠠᠨ ᠵᠣᠭᠰᠣᠵᠤ ᠬᠤᠴᠢᠯᠭ᠎ᠠ ᠶ᠋ᠢ ᠨᠢ ᠬᠠᠭᠤᠯᠤᠨ ᠬᠠᠶᠠᠵᠤ ᠪᠠᠢᠯ᠎ᠠ᠃ ᠲᠡᠳᠡᠨ ᠦ᠌ ᠳᠤᠮᠳᠠ ᠲᠠᠰᠢᠶᠠᠨ ᠳ᠋ᠠᠭᠠᠨ ᠮᠣᠳᠣᠨ ᠬᠤᠢ ᠲᠠᠢ ᠰᠸᠯᠸᠳᠢ ᠫᠤᠤ ᠵᠡᠭᠦᠭᠰᠡᠨ ᠨᠢᠭᠡ ᠬᠥᠮᠦᠨ ᠣᠯᠠᠨ ᠠ᠋ᠴᠠ ᠣᠨᠴᠠᠭᠠᠢ ᠦᠵᠡᠭᠳᠡᠨ᠎ᠡ᠃ ᠪᠤᠰᠤᠳ ᠨᠢ ᠬᠢᠲᠤᠭᠠᠨ ᠵᠢᠳᠠ ᠲᠠᠢ ᠰᠧ ᠰᠠᠨ ᠯᠢ ᠫᠤᠤ ᠤᠷᠲᠤ ᠪᠠᠨ ᠪᠠᠷᠢᠭᠰᠠᠨ᠂ ᠥᠩᠭᠡ ᠰᠣᠯᠢᠭᠳᠠᠨ ᠭᠠᠩᠳᠠᠭᠰᠠᠨ ᠴᠤᠪᠠ ᠮᠡᠲᠦ ᠶ᠋ᠢ ᠡᠮᠦᠰᠦᠭᠰᠡᠨ ᠤᠯᠤᠰ ᠪᠠᠢᠪᠠ᠃ ᠵᠢᠩᠴᠢᠳ ᠲᠡᠳᠡᠨ ᠢ᠋ ᠭᠠᠮᠢᠩ ᠤ᠋ᠳ ᠪᠣᠯᠬᠤ ᠶ᠋ᠢ ᠲᠠᠨᠢᠯ᠎ᠠ᠃ ᠴᠣᠬᠣᠮ  ᠶᠠᠭᠠᠬᠢᠬᠤ ᠵᠣᠷᠢᠯᠭ᠎ᠠ ᠲᠠᠢ ᠣᠷᠣᠵᠤ ᠢᠷᠡᠭᠰᠡᠨ ᠢ᠋ ᠨᠢ ᠮᠡᠳᠡᠬᠦ ᠦᠭᠡᠢ ᠪᠣᠯᠪᠠᠴᠤ ᠫᠤᠤ ᠲᠤᠯᠭᠠᠨ ᠬᠠᠰᠬᠢᠷᠤᠯᠳᠤᠵᠤ ᠬᠤᠪᠴᠠᠰᠤ ᠬᠤᠨᠠᠷ ᠤᠷᠤᠭᠤ ᠵᠢᠭᠠᠨ ᠱᠤᠤᠭᠢᠯᠳᠤᠭᠰᠠᠨ ᠤ᠋ ᠬᠣᠪᠢᠨ ᠳ᠋ᠤ᠌ ᠶᠠᠭᠠᠷᠠᠨ ᠬᠤᠪᠴᠠᠯᠠᠪᠠ᠃ ᠳᠠᠷᠠᠭ᠎ᠠ ᠳ᠋ᠤᠨᠢ ᠭᠠᠳᠠᠭᠰᠢ ᠭᠠᠷᠬᠤ ᠶ᠋ᠢ ᠲᠣᠬᠢᠬᠤ ᠳ᠋ᠤᠨᠢ ᠮᠥᠨ ᠯᠡ ᠥᠪᠡᠷ ᠦ᠋ᠨ ᠡᠷᠬᠡ ᠦᠭᠡᠢ ᠭᠠᠷᠴᠠᠭᠠᠪᠠ᠃ ᠭᠠᠳᠠᠭ᠎ᠠ ᠦᠦᠷ ᠴᠠᠢᠭᠰᠠᠨ ᠪᠣᠯᠪᠠ ᠤᠤ ᠭᠡᠯᠲᠡᠢ ᠪᠣᠯᠪᠠᠴᠤ ᠨᠡᠪᠰᠢᠷᠡᠭᠰᠡᠨ ᠬᠠᠷ᠎ᠠ ᠡᠭᠦᠯᠡ ᠲᠩᠷᠢ ᠶ᠋ᠢ ᠪᠢᠲᠡᠭᠦᠦ ᠪᠦᠷᠬᠦᠨ ᠰᠥᠨᠢ ᠮᠡᠲᠦ ᠪᠠᠢᠭ᠎ᠠ ᠪᠥᠭᠡᠳ ᠬᠠᠰᠢᠶ᠎ᠠ ᠳᠦᠭᠦᠷᠡᠩ ᠭᠠᠮᠢᠩ ᠪᠠᠢᠭ᠎ᠠ ᠨᠢ ᠯᠡ ᠲᠣᠳᠣᠬᠠᠨ ᠦᠵᠡᠭᠳᠡᠨ᠎ᠡ᠃ ᠲᠠᠰᠢᠶᠠᠨ ᠳ᠋ᠠᠭᠠᠨ ᠰᠸᠯᠸᠳᠢ ᠫᠤᠤ ᠵᠡᠭᠦᠭᠰᠡᠨ ᠬᠥᠮᠦᠨ᠂ ᠪᠦᠭᠦᠳᠡ ᠶ᠋ᠢ ᠵᠠᠬᠢᠷᠬᠤ ᠨᠣᠶᠠᠨ ᠪᠣᠯᠤᠯᠲᠠᠢ᠃ ᠡᠮᠦᠨ᠎ᠡ ᠨᠢ ᠢᠷᠡᠨ ᠦᠭᠡ ᠬᠡᠯᠡᠬᠦ ᠳᠦ ᠪᠦᠬᠦᠨ ᠢ᠋ᠶ᠋ᠡᠷ ᠢ᠋ᠶ᠋ᠡᠨ ᠶᠠᠭᠠᠷᠠᠨ ᠭᠠᠷ ᠡᠷᠭᠦᠵᠦ ᠰᠢᠨᠠᠨ ᠳ᠋ᠠᠭᠠᠨ ᠨᠠᠮᠠᠨᠴᠢᠯᠠᠨ᠎ᠠ᠃ ᠬᠠᠷᠢᠭᠤ ᠳ᠋ᠤᠨᠢ ᠲᠡᠷᠡ ᠬᠥᠮᠦᠨ ᠨᠢᠭᠡ ᠬᠣᠶᠠᠷᠬᠠᠨ ᠦᠭᠡ ᠬᠡᠯᠡᠵᠦ ᠪᠠᠢᠯ᠎ᠠ᠃ ᠲᠡᠭᠡᠭᠡᠳ ᠭᠡᠨᠡᠳᠲᠡ ᠬᠡᠳᠦᠨ ᠦᠭᠡ ᠬᠠᠰᠬᠢᠷᠤᠨ ᠬᠡᠯᠡᠬᠦ ᠳ᠋ᠦ᠍ᠨᠢ ᠭᠠᠮᠢᠩ ᠤ᠋ᠳ ᠲᠡᠮᠡᠭᠡ ᠤᠷᠤᠭᠤ ᠭᠦᠶᠦᠯᠳᠦᠨ ᠪᠤᠷᠠᠨᠲᠠᠭ ᠢ᠋ ᠳᠡᠢᠯᠦᠯ᠎ᠡ᠃ ᠬᠦᠦᠭᠢᠯᠡᠬᠦ ᠶ᠋ᠢ ᠮᠡᠳᠡᠬᠦ ᠦᠭᠡᠢ ᠳᠡᠮᠡᠢ ᠬᠠᠰᠬᠢᠷᠤᠯᠳᠤᠨ ᠲᠣᠯᠣᠭᠠᠢ ᠲᠦᠷᠦᠭᠦᠦ ᠤᠷᠤᠭᠤ ᠨᠢ ᠴᠣᠬᠢᠯᠠᠵᠠᠢ᠃ ᠵᠠᠷᠢᠮ ᠲᠡᠮᠡᠭᠡᠨ ᠦ᠌ ᠶᠠᠷᠳᠠᠭᠯᠠᠨ ᠬᠡᠪᠢᠳᠡᠰᠦ ᠪᠡᠷ ᠢ᠋ᠶ᠋ᠡᠨ ᠪᠤᠯᠠᠬᠤ ᠳ᠋ᠤ᠌ ᠠᠶᠤᠨ ᠰᠦᠷᠳᠡᠵᠦ ᠵᠢᠭᠤᠲᠠᠨ᠎ᠠ᠃ ᠶᠠᠮᠠᠷ ᠪᠣᠯᠪᠠᠴᠤ ᠵᠢᠩᠴᠢᠳ ᠳᠡᠭᠡᠷᠡᠮᠳᠡᠭᠳᠡᠨ ᠲᠣᠨᠣᠭᠳᠠᠵᠤ ᠪᠠᠢᠭ᠎ᠠ ᠪᠠᠨ ᠮᠡᠳᠡᠯ᠎ᠡ᠃ ᠭᠠᠭᠴᠠ ᠬᠦ᠌ ᠳᠠᠩᠵᠢᠶᠠᠳ ᠢ᠋ ᠠᠪᠤᠷᠠᠵᠤ ᠮᠠᠭᠠᠳ ᠦᠭᠡᠢ ᠭᠡᠰᠡᠨ ᠳ᠋ᠡᠭᠡᠨ ᠪᠠᠢᠰᠢᠩ ᠤ᠋ᠨ ᠬᠢᠨᠢ ᠵᠦᠭ ᠪᠠᠢᠨ ᠪᠠᠢᠨ ᠰᠢᠷᠳᠡᠨ᠎ᠡ᠃  ᠭᠡᠲᠡᠯ᠎ᠡ ᠲᠡᠨᠳᠡ ᠡᠴᠡ ᠳᠠᠩᠵᠢᠶᠠᠳ ᠪᠠᠢᠲᠤᠭᠠᠢ ᠨᠣᠬᠠᠢ ᠴᠦ᠍ ᠠᠯᠠᠭ᠎ᠠ᠃ ᠪᠦᠬᠦ ᠲᠡᠮᠡᠭᠡ ᠬᠥᠲᠥᠯᠦᠭᠳᠡᠨ ᠶᠡᠬᠡ ᠬᠠᠭᠠᠯᠭ᠎ᠠ ᠪᠠᠷ ᠴᠤᠪᠤᠷᠠᠯᠳᠤᠨ ᠭᠠᠷᠬᠤ ᠳ᠋ᠤ᠌ ᠳᠣᠷᠵᠢ᠄ 
       — ᠠ᠋ ᠬᠥᠭᠡᠷᠦᠬᠦᠢ ᠲᠡᠮᠡᠭᠡ ᠬᠥᠮᠦᠨ ᠦ᠌ ᠬᠢ ᠪᠣᠯᠪᠠ ᠭᠡᠵᠦ ᠲᠠᠢᠪᠤᠩ ᠮᠥᠷᠲᠡᠭᠡᠨ ᠭᠤᠨᠢᠭᠲᠠᠢᠬᠠᠨ ᠬᠡᠯᠡᠪᠡ᠃ ᠬᠥᠮᠦᠨ ᠪᠣᠯᠤᠭᠰᠠᠭᠠᠷ ᠠᠩᠬ᠎ᠠ ᠤᠳᠠᠭ᠎ᠠ ᠪᠠᠨ ᠭᠤᠨᠢᠨ ᠭᠤᠲᠤᠷᠠᠵᠤ ᠪᠠᠢᠭ᠎ᠠ ᠨᠢ ᠯᠡ ᠡᠨᠡ ᠪᠠᠢᠵᠠᠢ᠃ ᠡᠳᠡ ᠶᠠᠮᠠᠷ ᠮᠢᠬᠠᠴᠢᠨ ᠪᠢᠰᠢ᠂ ᠪᠢᠳᠡ ᠨᠠᠷ ᠢ᠋ᠶ᠋ᠠᠷ ᠶᠠᠭᠠᠬᠢᠬᠤ ᠴᠦ᠍ ᠶᠤᠮ ᠪᠢᠯᠡ? ᠡᠨᠡ ᠳᠠᠷᠤᠢ ᠠᠷᠤ ᠳ᠋ᠤᠨᠢ ᠭᠠᠮᠢᠩ ᠳᠤᠤᠭᠠᠷᠴᠤ ᠣᠷᠣᠭᠰᠢ ᠲᠦᠯᠬᠢᠨ ᠲᠡᠮᠡᠭᠡᠨ ᠦ᠌ ᠬᠣᠢᠨ᠎ᠠ ᠠ᠋ᠴᠠ ᠵᠢᠭᠠᠪᠠ᠃ ᠲᠡᠨᠳᠡ ᠡᠴᠡ ᠭᠠᠷᠤᠭᠰᠠᠭᠠᠷ ᠵᠡᠭᠦᠨ ᠣᠷᠣᠭᠰᠢ ᠴᠢᠭᠯᠡᠪᠡ᠃ ᠬᠣᠲᠠ ᠶ᠋ᠢᠨ ᠭᠤᠳᠤᠮᠵᠢ ᠪᠠᠷ ᠶᠠᠪᠤᠬᠤ ᠳ᠋ᠤ᠌ ᠳᠠᠭᠠᠷᠢᠯᠳᠤᠭᠰᠠᠨ ᠪᠦᠬᠦᠨ ᠠᠶᠤᠭᠰᠠᠨ ᠴᠢᠷᠠᠢ ᠭᠠᠷᠭᠠᠨ ᠠᠯᠤᠰ ᠢ᠋ᠶ᠋ᠠᠷ ᠲᠤᠭᠤᠷᠠᠨ ᠥᠩᠭᠡᠷᠡᠨ᠎ᠡ᠃ ᠬᠣᠲᠠ ᠶ᠋ᠢᠨ ᠵᠠᠬ᠎ᠠ ᠳ᠋ᠠᠬᠢ ᠨᠦᠬᠡᠨ ᠭᠡᠷ ᠦ᠋ᠳ ᠦ᠋ᠨ ᠳᠤᠮᠳᠠᠭᠤᠷ ᠶᠠᠪᠤᠬᠤ ᠪᠣᠯᠤᠯ᠎ᠠ᠃  ᠡᠨᠳᠡ ᠨᠥᠭᠦᠭᠡ ᠲᠡᠮᠡᠭᠡᠨ ᠦ᠌ ᠨᠣᠣᠰᠣ ᠵᠤᠯᠭᠠᠭᠠᠳᠠᠭ ᠠᠢᠬᠤᠪᠲᠤᠷ ᠪᠠᠭᠠᠴᠤᠳ ᠪᠠᠢᠳᠠᠭ ᠪᠠᠢᠵᠠᠢ᠃ ᠥᠷᠯᠥᠭᠡᠨ ᠦ᠌ ᠲᠠᠷᠪᠠᠭ᠎ᠠ ᠰᠢᠭ᠋ ᠡᠨᠳᠡ ᠲᠡᠨᠳᠡ ᠦᠭᠡᠢ ᠪᠤᠯᠲᠠᠢᠨ ᠴᠤᠬᠤᠢᠬᠤ ᠪᠣᠯᠪᠠᠴᠤ ᠭᠠᠮᠢᠩ ᠤ᠋ᠳ ᠠ᠋ᠴᠠ ᠠᠶᠤᠨ ᠦᠯᠦ ᠢᠷᠡᠨ᠎ᠡ᠃ ᠨᠡᠯᠢᠶᠡᠳ ᠶᠠᠪᠤᠭᠰᠠᠨ ᠢ᠋ᠶ᠋ᠠᠨ ᠬᠠᠭᠠᠯᠭᠠᠨ ᠳᠡᠭᠡᠷ᠎ᠡ ᠪᠡᠨ ᠫᠤᠤ ᠲᠠᠢ ᠮᠠᠨᠠᠭ᠎ᠠ ᠵᠣᠭᠰᠣᠭᠠᠭᠰᠠᠨ ᠲᠣᠮᠣ ᠰᠢᠪᠠᠷ ᠬᠡᠷᠡᠮ ᠬᠠᠰᠢᠶᠠᠨ ᠳ᠋ᠤ᠌ ᠣᠷᠣᠵᠠᠢ᠃ ᠡᠨᠡ ᠪᠣᠯ ᠵᠣᠣ ᠴᠢ ᠮᠢᠨ ᠦ᠌ ᠳ᠋ᠢᠸᠢᠽᠢ ᠶ᠋ᠢᠨ ᠵᠡᠪᠰᠡᠭ ᠬᠠᠳᠠᠭᠠᠯᠠᠮᠵᠢ ᠶ᠋ᠢᠨ ᠭᠠᠵᠠᠷ ᠪᠠᠢᠯ᠎ᠠ᠃ ᠭᠠᠮᠢᠩ ᠤ᠋ᠳ ᠲᠤᠰ ᠪᠦᠷᠢ ᠶ᠋ᠢᠨ ᠬᠥᠲᠥᠯᠦᠭᠰᠡᠨ ᠲᠡᠮᠡᠭᠡ ᠶ᠋ᠢ ᠬᠡᠪᠲᠡᠭᠦᠯᠦᠨ᠂ ᠪᠠᠢᠰᠢᠩ ᠠ᠋ᠴᠠ ᠨᠢᠭᠡᠨ ᠵᠢᠭᠳᠡ ᠶ᠋ᠢᠨ ᠬᠠᠪᠴᠢᠭᠠᠷ ᠬᠠᠢᠷᠴᠠᠭ ᠲᠠᠢ ᠵᠦᠢᠯᠡᠰ ᠢ᠋ ᠳᠠᠮᠵᠢᠯᠠᠨ ᠭᠠᠷᠭᠠᠨ᠎ᠠ᠃ ᠲᠡᠳᠡ ᠲᠡᠮᠡᠭᠡ ᠠᠴᠢᠬᠤ ᠶ᠋ᠢ ᠮᠡᠳᠡᠬᠦ ᠦᠭᠡᠢ ᠳ᠋ᠡᠭᠡᠨ ᠳᠡᠭᠡᠷ᠎ᠡ ᠨᠢ ᠣᠪᠣᠭᠠᠯᠠᠬᠤ ᠪᠤᠶᠤ ᠬᠣᠮ ᠪᠠᠮᠪᠠᠢ᠂ ᠱᠠᠲᠤ ᠡᠨᠡ ᠲᠡᠷᠡ ᠡᠴᠡ ᠨᠢ ᠳᠡᠭᠦᠵᠢᠯᠡᠵᠦ᠂ ᠱᠠᠭᠰᠢᠶᠠᠨ ᠱᠤᠤᠭᠢᠶᠠᠨ ᠪᠣᠯᠤᠨ᠎ᠠ᠃ ᠨᠢᠭᠡ ᠨᠢ ᠭᠦᠶᠦᠨ ᠢᠷᠡᠵᠦ᠂ ᠭᠠᠷ ᠬᠤᠷᠤᠭᠤ ᠪᠠᠷ ᠢ᠋ᠶ᠋ᠠᠨ ᠪᠠᠬᠠᠨ ᠲᠣᠬᠢᠬᠤ ᠳ᠋ᠤᠨᠢ ᠲᠡᠮᠡᠭᠡ ᠬᠡᠷᠬᠢᠨ ᠠᠴᠢᠬᠤ ᠶ᠋ᠢ ᠵᠢᠭᠠᠯᠭᠠᠬᠤ ᠭᠡᠰᠡᠨ ᠢ᠋ ᠨᠢ ᠮᠡᠳᠡᠪᠡ᠃  ᠬᠦᠷᠡᠯ ᠨᠥᠬᠥᠳ ᠲᠡᠢ ᠪᠡᠨ ᠨᠢᠭᠡ ᠲᠡᠮᠡᠭᠡ ᠠᠴᠢᠯ᠎ᠠ᠃ ᠬᠣᠶᠠᠳᠠᠬᠢ ᠶ᠋ᠢ ᠴᠦ᠍ ᠠᠴᠢᠪᠠ᠃ ᠬᠠᠢᠷᠴᠠᠭ ᠤ᠋ᠳ ᠤ᠋ᠨ ᠬᠡᠮᠵᠢᠶ᠎ᠡ ᠪᠠᠭ᠎ᠠ ᠪᠣᠯᠪᠠᠴᠤ᠂ ᠬᠦᠨᠳᠦ ᠫᠤᠤ ᠶ᠋ᠢᠨ ᠰᠤᠮᠤ ᠪᠣᠯᠬᠤ ᠨᠢ ᠢᠯᠡᠷᠬᠡᠢ᠃ ᠪᠤᠰᠤᠳ ᠲᠡᠮᠡᠭᠡ ᠨᠦ᠍ᠭᠦᠳ ᠢ᠋ ᠳᠡᠰ ᠳᠠᠷᠠᠭ᠎ᠠ ᠪᠠᠷ ᠨᠢ ᠠᠴᠢᠵᠤ ᠪᠠᠢᠬᠤ ᠳ᠋ᠤ᠌ ᠰᠸᠯᠸᠳᠢ ᠲᠡᠢ ᠨᠣᠶᠠᠨ ᠳᠡᠷᠭᠡᠳᠡ ᠢᠷᠡᠨ《ᠬᠣᠣ》 ᠭᠡᠵᠦ ᠢᠨᠢᠶᠡᠮᠰᠦᠭᠯᠡᠨ ᠲᠠᠯᠠᠷᠬᠠᠪᠠ᠃《ᠬᠣᠣ》 ᠭᠡᠳᠡᠭ ᠪᠣᠯ ᠮᠠᠨ ᠤ᠋ ᠵᠢᠩᠴᠢᠳ ᠭᠠᠭᠴᠠ ᠮᠡᠳᠡᠬᠦ ᠦᠭᠡ ᠪᠢᠯᠡ᠃ ᠠᠯᠢ ᠲᠦᠷᠦᠭᠦᠴᠢ ᠡᠴᠡ ᠠᠪᠤᠨ ᠬᠠᠷᠠᠭᠰᠠᠭᠠᠷ ᠪᠠᠢᠲᠠᠯ᠎ᠠ ᠬᠡᠨ ᠪᠦᠬᠦᠨ ᠢ᠋ ᠵᠠᠩᠳᠤᠴᠢᠨ ᠪᠠᠢᠭᠰᠠᠨ ᠬᠦᠢᠲᠡᠨ ᠴᠢᠷᠠᠢ ᠲᠠᠢ ᠨᠣᠶᠠᠨ ᠨᠢᠭᠡᠨ ᠤᠳᠠᠭ᠎ᠠ ᠲᠠᠯᠠᠷᠬᠠᠭᠰᠠᠨ ᠲᠤᠬᠠᠢ ᠳ᠋ᠤ᠌ ᠵᠢᠩᠴᠢᠳ ᠦ᠋ᠨ ᠰᠡᠳᠬᠢᠯ ᠪᠠᠭ᠎ᠠ ᠵᠡᠷᠭᠡ ᠲᠠᠢᠪᠤᠰᠢᠷᠠᠨ᠎ᠠ᠃ 
      ᠭᠠᠮᠢᠩ ᠤ᠋ᠳ ᠲᠡᠮᠡᠭᠡ ᠨᠦ᠍ᠭᠦᠳ ᠢ᠋ ᠪᠣᠰᠬᠠᠨ ᠨᠢᠭᠡ ᠨᠢᠭᠡ ᠪᠡᠷ ᠨᠢ ᠬᠥᠲᠥᠯᠦᠨ ᠵᠡᠭᠦᠨ ᠬᠣᠢᠰᠢ ᠭᠠᠷᠪᠠ᠃ ᠵᠢᠩᠴᠢᠳ ᠢ᠋ ᠮᠥᠨ ᠫᠤᠤ ᠲᠠᠢ ᠬᠥᠮᠦᠰ ᠲᠠᠭᠤᠭᠠᠳ ᠶᠠᠪᠤᠨ᠎ᠠ᠃ ᠠᠷᠤ ᠠ᠋ᠴᠠ ᠨᠢ ᠰᠸᠯᠸᠳᠢ ᠲᠡᠢ ᠨᠣᠶᠠᠨ ᠡᠷ᠎ᠡ ᠰᠠᠭᠠᠷᠠᠯ ᠡᠯᠵᠢᠭᠡ ᠤᠨᠤᠨ ᠴᠦᠷᠦᠩ ᠰᠠᠢᠪᠤᠷᠯᠠᠭᠤᠯᠤᠨ ᠭᠦᠢᠴᠡᠨ ᠢᠷᠡᠭᠡᠳ ᠥᠩᠭᠡᠷᠡᠨ ᠭᠠᠷᠪᠠ᠃ ᠡᠨᠡ ᠬᠥᠮᠦᠨ ᠡᠯᠵᠢᠭᠡᠨ ᠦ᠌ ᠨᠢᠷᠤᠭᠤᠨ ᠳᠡᠭᠡᠷ᠎ᠡ ᠭᠠᠷᠤᠭᠰᠠᠨ ᠢ᠋ᠶ᠋ᠠᠨ ᠲᠩᠷᠢ ᠶ᠋ᠢᠨ ᠡᠭᠦᠯᠡ ᠬᠥᠯᠭᠡᠯᠡᠭᠰᠡᠨ ᠰᠢᠭ ᠰᠠᠨᠠᠬᠤ ᠠᠵᠢ᠃ ᠵᠡᠭᠦᠨ ᠭᠠᠷ ᠢ᠋ᠶ᠋ᠠᠷ ᠢ᠋ᠶ᠋ᠠᠨ ᠲᠠᠰᠢᠶ᠎ᠠ ᠪᠠᠨ ᠲᠤᠯᠵᠤ᠂ ᠪᠠᠷᠠᠭᠤᠨ ᠭᠠᠷ ᠲᠠᠭᠠᠨ ᠤᠷᠲᠤ ᠬᠤᠪᠢᠩ ᠰᠣᠷᠣᠭᠤᠯ ᠲᠠᠢ ᠶᠠᠩᠵᠤᠤᠷ ᠬᠥᠨᠳᠡᠯᠢᠳᠦᠨ ᠪᠠᠷᠢᠵᠤ᠂ ᠳᠣᠷᠣᠭᠰᠢ ᠤᠨᠵᠢᠭᠰᠠᠨ ᠬᠣᠶᠠᠷ ᠬᠥᠯ ᠢ᠋ᠶ᠋ᠡᠨ ᠰᠡᠯᠭᠦᠭᠦᠯᠦᠨ ᠰᠠᠨᠵᠭᠨᠠᠭᠤᠯᠤᠨ᠎ᠠ᠃ ᠡᠭᠦᠨ ᠢ᠋ ᠳ᠋ᠠᠨᠽᠠᠨ ᠯᠠ ᠶᠠᠭᠤᠮ᠎ᠠ ᠪᠦᠬᠦᠨ ᠢ᠋ ᠱᠣᠬᠣᠭᠣᠷᠬᠠᠨ ᠰᠣᠨᠢᠷᠬᠠᠵᠤ ᠶᠠᠪᠤᠳᠠᠭ ᠢ᠋ᠶ᠋ᠠᠷ ᠢ᠋ᠶ᠋ᠠᠨ ᠠᠵᠢᠭᠯᠠᠪᠠ᠃ ᠭᠡᠪᠡᠴᠦ ᠰᠡᠳᠬᠢᠯ ᠰᠡᠷᠭᠦᠨ ᠬᠥᠭᠵᠢᠬᠦ ᠶᠠᠭᠤ ᠪᠠᠢᠬᠤ ᠪᠢᠯᠡ᠃ ᠨᠥᠬᠥᠳ ᠦ᠋ᠨ ᠢ᠋ᠶ᠋ᠡᠨ ᠠᠳᠠᠯᠢ ᠢᠷᠡᠭᠡᠳᠦᠢ ᠳ᠋ᠦ᠍ ᠶᠠᠭᠤ ᠪᠣᠯᠬᠤ ᠪᠣᠯ ᠭᠡᠵᠦ ᠰᠡᠳᠬᠢᠯ ᠲᠦᠭᠰᠢᠨ᠎ᠡ᠃ ᠬᠡᠯᠡ ᠪᠤᠷᠤᠭᠤᠲᠠᠨ ᠤ᠋ ᠭᠠᠷ ᠲᠤ ᠡᠢᠮᠦᠷᠬᠦᠦ ᠶᠠᠪᠤᠵᠤ ᠪᠠᠢᠭᠠᠳ ᠪᠠᠰᠠ ᠡᠨᠳᠡᠬᠢ ᠶ᠋ᠢᠨ ᠯᠤᠤᠰ ᠰᠠᠪᠳᠠᠭ ᠮᠥᠨ ᠠᠭᠤᠷᠯᠠᠨ ᠬᠢᠯᠢᠭᠨᠡᠬᠦ ᠮᠡᠲᠦ ᠲᠣᠮᠣ ᠰᠢᠷᠬᠡᠭᠲᠦ ᠴᠠᠰᠤ ᠶ᠋ᠢ ᠵᠠᠢ ᠦᠭᠡᠢ ᠬᠠᠶᠠᠯᠠᠵᠤ ᠡᠬᠢᠯᠡᠯ᠎ᠡ᠃ ᠣᠳᠣ ᠪᠣᠯ ᠬᠠᠯᠬ᠎ᠠ ᠣᠷᠣᠨ ᠳ᠋ᠤ᠌ ᠲᠡᠰᠬᠢᠮ᠎ᠡ ᠵᠢᠪᠠᠷᠲᠦ ᠳ᠋ᠦᠩ ᠡᠪᠦᠯ ᠦ᠋ᠨ ᠴᠠᠭ ᠰᠠᠨ᠃ ᠭᠡᠲᠡᠯ᠎ᠡ ᠡᠨᠳᠡ ᠲᠡᠢᠮᠦ ᠪᠢᠰᠢ᠂ ᠣᠷᠣᠭᠰᠠᠨ ᠴᠠᠰᠤ ᠭᠠᠵᠠᠷ ᠲᠤ ᠪᠠᠭᠤᠬᠤ ᠲᠠᠢ ᠪᠠᠨ ᠵᠡᠷᠭᠡ ᠬᠠᠢᠯᠤᠨ ᠨᠤᠨᠲᠠᠭ ᠬᠠᠷ᠎ᠠ ᠰᠢᠷᠣᠢ ᠶ᠋ᠢ ᠯᠠᠭᠤᠯᠳᠤᠭᠤᠯᠤᠨ᠎ᠠ᠃ ᠡᠢᠮᠦ ᠳ᠋ᠦ᠍ ᠵᠢᠩᠴᠢᠳ ᠦ᠋ᠨ ᠡᠮᠦᠰᠦᠭᠰᠡᠨ ᠦᠰᠦ ᠲᠡᠢ ᠳᠡᠪᠡᠯ᠂ ᠮᠠᠯᠠᠭᠠᠢ᠂ ᠢᠰᠡᠭᠡᠢ ᠣᠢᠮᠤᠰᠤᠲᠦ ᠭᠤᠲᠤᠯ ᠴᠥᠮ ᠨᠡᠪᠲᠡ ᠰᠢᠪᠲᠤ ᠣᠷᠣᠨ ᠪᠡᠶ᠎ᠡ ᠲᠡᠢ ᠣᠷᠢᠶᠠᠯᠳᠤᠨ ᠨᠠᠭᠠᠯᠳᠤᠨ᠎ᠠ᠃ ᠶᠡᠷᠦ ᠡᠳᠡ ᠶᠠᠭᠤ ᠵᠣᠷᠢᠨ ᠬᠠᠮᠢᠭ᠎ᠠ ᠬᠦᠷᠬᠦ ᠤᠯᠤᠰ ᠪᠣᠢ? ᠡᠭᠦᠨ ᠢ᠋ ᠵᠢᠩᠴᠢᠳ ᠦᠯᠦ ᠮᠡᠳᠡᠨ᠎ᠡ᠃ ᠥᠪᠡᠷᠰᠡᠳ ᠢ᠋ ᠨᠢ ᠴᠣᠬᠣᠮ ᠶᠠᠭᠠᠬᠢᠬᠤ ᠭᠡᠵᠦ ᠪᠠᠷᠢᠪᠴᠢᠯᠠᠭᠰᠠᠨ ᠬᠡᠷᠡᠭ ᠪᠣᠢ? ᠮᠥᠨ ᠯᠡ ᠦᠯᠦ ᠮᠡᠳᠡᠨ᠎ᠡ᠃ ᠡᠰᠢ ᠮᠤᠬᠤᠷ ᠦᠭᠡᠢ ᠠᠶᠤᠨ ᠡᠯᠳᠡᠪ ᠣᠯᠠᠨ ᠶᠠᠩᠵᠤ ᠪᠠᠷ ᠪᠣᠳᠣᠭᠰᠠᠨ ᠤ᠋ ᠪᠠᠨ ᠡᠴᠦᠰ ᠲᠤ ᠣᠢᠷ᠎ᠠ ᠵᠠᠭᠤᠷ᠎ᠠ ᠶ᠋ᠢᠨ ᠲᠡᠭᠡᠭᠡᠪᠦᠷᠢ ᠳ᠋ᠦ᠍ ᠬᠡᠷᠡᠭᠯᠡᠬᠦ ᠭᠡᠰᠡᠨ ᠪᠣᠯᠪᠠ ᠤᠤ ᠭᠡᠵᠦ ᠲᠤᠰ ᠪᠦᠷᠢ ᠪᠡᠨ ᠲᠠᠭᠠᠪᠤᠷᠢᠯᠠᠨ ᠰᠡᠳᠬᠢᠯ ᠨᠢ ᠲᠠᠢᠪᠤᠰᠢᠷᠠᠵᠠᠢ᠃ 
       ᠴᠠᠰᠤᠨ ᠤ᠋ ᠣᠷᠣᠯᠲᠠ ᠨᠠᠮᠵᠢᠵᠤ ᠲᠩᠷᠢ ᠶ᠋ᠢᠨ ᠬᠠᠶᠠᠭ᠎ᠠ ᠵᠡᠭᠦᠨ ᠡᠴᠡ ᠪᠡᠨ ᠴᠠᠢᠷᠠᠨ ᠠᠯᠤᠰ ᠤ᠋ᠨ ᠪᠠᠷ᠎ᠠ ᠲᠣᠳᠣᠷᠠᠪᠠ᠃ ᠨᠢᠭᠡᠨ ᠤᠷᠲᠤ ᠬᠣᠭᠣᠯᠠᠢ ᠥᠭᠰᠥᠨ ᠶᠠᠪᠤᠭ᠎ᠠ ᠨᠢ ᠮᠡᠳᠡᠭᠳᠡᠨ᠎ᠡ᠃ ᠨᠡᠯᠢᠶᠡᠳ ᠶᠠᠪᠤᠭᠰᠠᠨ ᠢ᠋ᠶ᠋ᠠᠨ ᠪᠢᠴᠢᠬᠠᠨ ᠳᠣᠪᠣᠴᠠᠭ ᠤ᠋ᠨ ᠠᠷᠤ ᠢᠷᠣᠭᠠᠷ ᠢ᠋ ᠲᠣᠭᠣᠷᠢᠨ ᠥᠷᠭᠡᠨ ᠵᠠᠮ ᠢ᠋ᠶ᠋ᠠᠷ ᠴᠢᠭᠴᠢᠢᠯᠳᠦᠨ ᠶᠠᠪᠤᠭ᠎ᠠ ᠴᠡᠷᠢᠭ ᠦ᠋ᠨ ᠴᠤᠪᠤᠭ᠎ᠠ ᠲᠠᠢ ᠨᠡᠢᠯᠡᠯ᠎ᠡ᠃ ᠲᠡᠳᠡᠨ ᠦ᠌ ᠬᠡᠳᠦ ᠬᠡᠴᠢᠨᠡᠭᠡᠨ ᠪᠣᠯᠬᠤ ᠶ᠋ᠢ ᠪᠠᠷᠤᠭᠴᠠᠭᠠᠯᠠᠬᠤ ᠳ᠋ᠤ᠌ ᠪᠡᠷᠬᠡ᠃ ᠲᠦᠷᠦᠭᠦᠴᠢ ᠨᠢ ᠲᠡᠷᠲᠡᠭᠡᠬᠢ ᠱᠣᠪᠬᠣ ᠠᠭᠤᠯᠠ ᠶ᠋ᠢᠨ ᠵᠡᠭᠦᠨ ᠢ᠋ ᠣᠷᠢᠶᠠᠵᠤ᠂ ᠡᠴᠦᠰ ᠨᠢ ᠲᠡᠷᠡ ᠭᠡᠬᠦ ᠲᠡᠮᠳᠡᠭ ᠦᠭᠡᠢ ᠦᠷᠭᠦᠯᠵᠢᠯᠡᠨ᠎ᠡ᠃ ᠥᠷᠭᠡᠴᠢᠭᠡ ᠪᠡᠷ ᠢ᠋ᠶ᠋ᠡᠨ ᠬᠠ ᠶᠠ ᠦᠭᠡᠢ ᠳᠥᠷᠪᠡᠨ ᠮᠥᠷ ᠵᠡᠷᠭᠡᠴᠡᠵᠦ᠂ ᠬᠢᠲᠤᠭᠠᠨ ᠵᠢᠳᠠᠲᠤ ᠫᠤᠤ ᠪᠠᠨ ᠳᠡᠭᠡᠭᠰᠢ ᠰᠡᠷᠡᠢᠯᠭᠡᠨ ᠨᠢᠭᠡᠨ ᠵᠡᠷᠭᠡ ᠭᠠᠷ ᠬᠠᠶᠠᠯᠠᠨ ᠠᠯᠬᠤᠬᠤ ᠨᠢ ᠭᠠᠵᠠᠷ ᠳᠡᠯᠡᠬᠡᠢ ᠴᠣᠭᠣᠷᠠᠨ ᠠᠩᠭᠠᠯᠵᠠᠵᠤ ᠪᠠᠢᠭ᠎ᠠ ᠰᠢᠭ᠋ ᠦᠵᠡᠭᠳᠡᠨ᠎ᠡ᠃ ᠳᠣᠷᠵᠢ ᠪᠤᠰᠤᠳ ᠤ᠋ᠨ ᠡᠷᠬᠡᠨ ᠳ᠋ᠦ᠍ ᠣᠷᠣᠭᠰᠠᠨ ᠢ᠋ᠶ᠋ᠠᠨ ᠮᠠᠷᠲᠠᠨ᠂ 
       — ᠫᠦᠬᠦ᠂ ᠡᠢᠮᠦ ᠣᠯᠠᠨ ᠠᠮᠢᠲᠠᠨ ᠪᠠᠢᠳᠠᠭ ᠠ᠋ ᠭᠡᠵᠦ ᠳᠠᠭᠤ ᠠᠯᠳᠠᠪᠠ᠃ 
       — ᠲᠡᠢᠮᠦ ᠠ᠋᠂ ᠳᠡᠯᠡᠬᠡᠢ ᠳ᠋ᠦ᠍ ᠬᠢᠲᠠᠳ ᠣᠯᠠᠨ ᠤᠤ? ᠰᠢᠷᠭᠤᠯᠵᠢ ᠣᠯᠠᠨ ᠤᠤ? ᠭᠡᠵᠦ ᠦᠭᠡ ᠪᠣᠢ ᠰᠠᠨ ᠳᠠ ᠭᠡᠵᠦ ᠬᠦᠷᠡᠯ ᠬᠡᠯᠡᠪᠡ ᠳ᠋ᠠᠨᠽᠠᠨ ᠦᠨᠡᠬᠡᠷ ᠡᠨᠳᠡ ᠲᠡᠨᠳᠡ ᠰᠢᠷᠭᠤᠯᠵᠢ ᠶ᠋ᠢᠨ ᠲᠣᠮᠣ ᠲᠣᠮᠣ ᠡᠭᠦᠷ ᠦᠵᠡᠭᠰᠡᠨ ᠪᠣᠯᠪᠠᠴᠤ ᠲᠡᠭᠦᠨ ᠦ᠌ ᠨᠢᠭᠡ ᠡᠭᠦᠷ ᠦ᠋ᠨ ᠰᠢᠷᠭᠤᠯᠵᠢ ᠶ᠋ᠢ ᠲᠣᠭᠠᠯᠠᠪᠠᠯ ᠯᠠᠪ ᠡᠳᠦᠢ ᠣᠯᠠᠨ ᠪᠠᠢᠬᠤ ᠦᠭᠡᠢ ᠪᠢᠵᠡ ᠠ᠋ ᠭᠡᠵᠦ ᠪᠣᠳᠣᠪᠠ᠃ ᠨᠢᠭᠡ ᠬᠡᠰᠡᠭ ᠶᠠᠪᠤᠭᠰᠠᠨ ᠤ᠋ ᠳᠠᠷᠠᠭ᠎ᠠ ᠬᠦᠷᠡᠯ᠄ 
       — ᠨᠥᠬᠥᠳ ᠮᠢᠨᠢ᠂ ᠬᠠᠮᠤᠭ ᠮᠠᠭᠤ ᠶᠠᠭᠤᠮ᠎ᠠ ᠶ᠋ᠢ ᠡᠪᠦᠭᠡᠨ ᠴᠢᠳᠬᠥᠷ ᠳᠠᠩᠵᠢᠶᠠᠳ ᠯᠠ ᠬᠢᠵᠦ ᠣᠷᠬᠢᠪᠠ ᠪᠣᠯᠤᠯᠲᠠᠢ ᠭᠡᠬᠦ ᠳ᠋ᠦ᠍ ᠳᠣᠷᠵᠢ ᠰᠣᠴᠢᠨ ᠬᠦᠷᠡᠯ ᠢ᠋ ᠬᠠᠷᠠᠨ᠄ 
       — ᠬᠠᠮᠢᠭ᠎ᠠ ᠠ᠋ᠴᠠ! 
       — ᠶᠡᠷᠦ ᠲᠡᠢᠮᠦ ᠪᠣᠯᠤᠯ᠎ᠠ ᠭᠡᠵᠦ ᠮᠡᠳᠡ! ᠲᠡᠭᠡᠭᠡᠪᠦᠷᠢᠯᠡᠬᠦ ᠪᠠᠷᠠᠭ᠎ᠠ᠂ ᠲᠡᠮᠡᠭᠡᠨ ᠦ᠌ ᠬᠥᠯᠥᠰᠥ ᠬᠣᠶᠠᠷ ᠢ᠋ ᠮᠠᠷᠭᠠᠰᠢ ᠮᠠᠷᠭᠠᠰᠢ ᠭᠡᠵᠦ ᠬᠣᠢᠰᠢ ᠲᠠᠲᠠᠭᠠᠳ ᠪᠠᠢᠭᠰᠠᠨ ᠨᠢ ᠪᠢᠳᠡᠨ ᠢ᠋ ᠡᠢᠮᠦ ᠠᠶᠤᠯ ᠳ᠋ᠤ᠌ ᠤᠨᠠᠭᠠᠬᠤ ᠭᠡᠵᠦ ᠪᠠᠢᠭᠰᠠᠨ ᠠ᠋ᠴᠠ ᠪᠣᠯᠤᠯ᠎ᠠ ᠭᠡᠬᠦ ᠳ᠋ᠦ᠍᠄ 
       — ᠦᠭᠡᠢ᠂ ᠪᠢᠳᠡ ᠲᠡᠷᠡ ᠳᠠᠩᠵᠢᠶᠠᠳ ᠲᠤ ᠮᠠᠭᠤ ᠶᠠᠭᠤᠮ᠎ᠠ ᠬᠢᠭᠡ ᠦᠭᠡᠢ᠃ ᠬᠠᠷᠢᠨ ᠥᠪᠡᠷ ᠦ᠋ᠨ ᠬᠢᠨᠢ ᠵᠢᠩ ᠦ᠋ᠨ ᠤᠯᠤᠰ ᠰᠢᠦ ᠳᠡ ᠭᠡᠵᠦ ᠳ᠋ᠠᠨᠽᠠᠨ ᠬᠡᠯᠡᠪᠡ᠃ 
       — ᠲᠡᠷᠡ ᠲᠡᠢᠮᠦ ᠭᠡᠰᠡᠨ ᠢ᠋ᠶ᠋ᠡᠨ ᠬᠦᠷᠡᠯ ᠲᠣᠯᠣᠭᠠᠢ ᠰᠡᠭᠰᠦᠷᠦᠨ᠄ 
       — ᠲᠡᠭᠦᠨ ᠳ᠋ᠦ᠍ ᠥᠰᠢᠭᠳᠡᠬᠦ ᠶᠠᠭᠤᠮ᠎ᠠ ᠶ᠋ᠢ ᠪᠢ ᠡᠨᠡ ᠮᠠᠭᠤ ᠵᠥᠨᠥᠭ ᠲᠣᠯᠣᠭᠠᠢ᠂ ᠡᠨᠡ ᠳᠠᠷᠪᠠᠭᠠᠷ ᠠᠮᠠ! ᠠᠢ ᠴᠠᠪᠠᠰᠤ! ᠳᠣᠷᠵᠢ ᠬᠦᠷᠡᠯ ᠦ᠋ᠨ ᠪᠡᠶ᠎ᠡ ᠪᠡᠨ ᠵᠢᠮᠡᠯᠡᠨ ᠪᠤᠬᠢᠨᠢᠳᠤᠬᠤ ᠶ᠋ᠢ ᠭᠠᠢᠬᠠᠯ᠎ᠠ᠃ ᠵᠢᠩ ᠦ᠋ᠨ ᠬᠥᠯᠥᠰᠥ᠂ ᠲᠡᠭᠡᠭᠡᠪᠦᠷᠢᠯᠡᠬᠦ ᠪᠠᠷᠠᠭ᠎ᠠ ᠬᠣᠶᠠᠷ ᠢ᠋ ᠤᠳᠠᠭ᠎ᠠ ᠳᠠᠷᠠᠭᠠᠯᠠᠨ ᠨᠡᠬᠡᠮᠵᠢᠯᠡᠬᠦ ᠳ᠋ᠡᠭᠡᠨ ᠬᠡᠷᠡᠭᠦᠯ ᠮᠠᠷᠭᠤᠭᠠᠨ ᠬᠢᠭᠰᠡᠨ ᠶᠦᠮ ᠪᠣᠯᠪᠠ ᠤᠤ ᠭᠡᠵᠦ ᠪᠣᠳᠣᠪᠠ᠃ 
       — ᠬᠦᠷᠡᠯ ᠭᠤᠸᠠᠢ ᠮᠢᠨᠢ᠂ ᠲᠠ ᠶᠠᠭᠤᠨ ᠳ᠋ᠤ᠌ ᠢᠩᠭᠢᠵᠦ ᠪᠡᠶ᠎ᠡ ᠪᠡᠨ ᠵᠢᠮᠡᠯᠡᠨ᠎ᠡ ᠪᠣᠢ?  
       — ᠪᠢ ᠳᠠᠩᠵᠢᠶᠠᠳ ᠲᠠᠢ ᠠᠩᠬ᠎ᠠ ᠠᠭᠤᠯᠵᠠᠬᠤ ᠳ᠋ᠠᠭᠠᠨ ᠶᠠᠭᠤ ᠶᠠᠭᠤ ᠶᠠᠷᠢᠭᠰᠠᠨ ᠪᠢᠯᠡ? 
       — ᠮᠣᠩᠭᠣᠯ ᠣᠷᠣᠨ ᠢ᠋ ᠭᠠᠮᠢᠩ ᠡᠵᠡᠯᠡᠭᠰᠡᠨ ᠲᠤᠬᠠᠢ ᠪᠠᠢᠬ᠎ᠠ ᠠ᠋᠃ 
       — ᠲᠡᠢᠮᠦ᠃ ᠲᠡᠷᠡ ᠴᠢᠨᠢ ᠬᠠᠮᠤᠭ ᠭᠠᠢ ᠲᠠᠷᠢᠪᠠ᠃ ᠲᠡᠷᠡ ᠶᠠᠪᠤᠳᠠᠯ ᠳᠠᠩᠵᠢᠶᠠᠳ ᠲᠤ ᠶᠠᠭᠤᠨ ᠤ᠋ ᠬᠠᠮᠢᠶ᠎ᠠ ᠲᠠᠢ ᠪᠢᠯᠡ? 
       — ᠬᠠᠮᠢᠶ᠎ᠠ ᠲᠠᠢ ᠶ᠋ᠢᠨ ᠴᠠᠭᠠᠭᠤᠷ ᠬᠠᠮᠢᠶ᠎ᠠ ᠲᠠᠢ ᠶ᠋ᠢ ᠪᠢ ᠣᠳᠣ ᠤᠬᠠᠭᠠᠷᠠᠵᠤ ᠪᠠᠢᠨ᠎ᠠ᠃ ᠶᠠᠭᠠᠬᠢᠭᠠᠳ ᠪᠣᠢ? ᠭᠡᠪᠡᠯ ᠭᠡᠰᠡᠨ ᠢ᠋ᠶ᠋ᠡᠨ ᠬᠦᠷᠡᠯ ᠨᠣᠮᠢᠨ ᠨᠣᠭᠣᠭᠠᠨ ᠨᠢᠳᠦ ᠡᠷᠭᠢᠯᠳᠦᠭᠦᠯᠦᠨ ᠭᠡᠳᠡᠷᠭᠦ ᠬᠠᠷᠠᠪᠠᠯ᠂ ᠠᠷᠤ ᠳ᠋ᠤᠨᠢ ᠶᠠᠪᠤᠭ᠎ᠠ ᠭᠠᠮᠢᠩ ᠤ᠋ᠳ ᠠᠩᠬᠠᠷᠤᠯ ᠲᠠᠯᠪᠢᠭᠰᠠᠨ ᠵᠦᠢᠯ ᠦᠭᠡᠢ᠃ ᠫᠤᠤ ᠪᠠᠨ ᠮᠥᠷᠡᠨ ᠳ᠋ᠡᠭᠡᠨ ᠡᠯᠭᠦᠵᠦ ᠰᠠᠶᠢᠬᠠᠨ ᠣᠷᠣᠭᠰᠠᠨ ᠶᠡᠬᠡ ᠴᠠᠰᠤᠨ ᠤ᠋ ᠨᠣᠢᠲᠠᠨ ᠠᠭᠠᠷ ᠲᠤ ᠶᠠᠳᠠᠷᠠᠭᠰᠠᠨ ᠪᠣᠯᠤᠯᠲᠠᠢ ᠰᠤᠯᠠᠬᠠᠨ ᠭᠢᠰᠬᠢᠯᠡᠨ ᠶᠠᠪᠤᠨ᠎ᠠ᠃ ᠭᠡᠪᠡᠴᠦ ᠬᠦᠷᠡᠯ ᠰᠦᠨ ᠳ᠋ᠦ᠍ ᠬᠠᠯᠠᠭᠰᠠᠨ ᠬᠥᠮᠦᠨ ᠲᠠᠷᠠᠭ ᠳᠣᠯᠢᠶᠠᠨ᠎ᠠ ᠭᠡᠭᠴᠢ ᠪᠡᠷ ᠪᠢᠳᠡᠨ ᠦ᠌ ᠠᠷᠤ ᠳ᠋ᠤ᠌ ᠮᠣᠩᠭᠣᠯ ᠬᠡᠯᠡ ᠲᠡᠢ ᠬᠥᠮᠦᠨ ᠲᠠᠯᠪᠢᠨ ᠳᠠᠩᠨᠠᠭᠤᠯᠵᠤ ᠪᠠᠢᠬᠤ ᠮᠠᠭᠠᠳ ᠦᠭᠡᠢ ᠭᠡᠵᠦ ᠪᠣᠳᠣᠪᠠ᠃ ᠨᠥᠬᠥᠳ ᠮᠢᠨᠢ ᠰᠡᠭᠦᠯ ᠳ᠋ᠦ᠍ ᠶᠠᠷᠢᠶ᠎ᠠ᠃ ᠣᠳᠣ ᠵᠦᠭᠡᠷ ᠲᠣᠪ ᠳᠤᠭᠤᠢ ᠯᠠ ᠶᠠᠪᠤᠵᠤ ᠪᠠᠢᠶ᠎ᠠ ᠭᠡᠳ ᠠᠮᠠ ᠪᠠᠨ ᠲᠠᠰᠤ ᠬᠠᠮᠬᠢᠪᠠ᠃