ᠵᠠᠩᠭᠠᠷ ᠤ᠋ᠨ ᠳᠦᠷᠢ ᠶ᠋ᠢᠨ ᠮᠠᠭᠲᠠᠭᠠᠯ- ᠪᠠᠭᠠᠲᠤᠷᠯᠢᠭ ᠲᠤᠤᠯᠢЗангарын дүрийн магтаал-Баатарлаг дооли ᠲᠤᠤᠯᠢᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠩᠭᠠᠷ ᠤ᠋ᠨ ᠳᠦᠷᠢ ᠶ᠋ᠢᠨ ᠮᠠᠭᠲᠠᠭᠠᠯ- ᠪᠠᠭᠠᠲᠤᠷᠯᠢᠭ ᠲᠤᠤᠯᠢЗангарын дүрийн магтаал-Баатарлаг дооли

ᠵᠠᠩᠭᠠᠷ ᠤ᠋ᠨ ᠳᠦᠷᠢ ᠶ᠋ᠢᠨ ᠮᠠᠭᠲᠠᠭᠠᠯ- ᠪᠠᠭᠠᠲᠤᠷᠯᠢᠭ ᠲᠤᠤᠯᠢЗангарын дүрийн магтаал-Баатарлаг дооли

ᠠᠩᠭᠢᠯᠠᠯ:ᠲᠤᠤᠯᠢᠰ
2025-08-09

909

ᠵᠠᠩᠭᠠᠷ ᠤ᠋ᠨ ᠳᠦᠷᠢ ᠶ᠋ᠢᠨ ᠮᠠᠭᠲᠠᠭᠠᠯ

  ᠪᠠᠭᠠᠲᠤᠷᠯᠢᠭ ᠲᠤᠤᠯᠢ 

  ᠪᠠᠶᠠᠨᠨᠠᠭᠤᠷ ᠬᠣᠲᠠ ᠶ᠋ᠢᠨ ᠨᠠᠰᠤᠲᠠᠢᠴᠤᠳ ᠤ᠋ᠨ ᠶᠡᠬᠡ ᠰᠤᠷᠭᠠᠭᠤᠯᠢ ᠶ᠋ᠢᠨ ᠲᠣᠪᠰᠢᠭᠤᠷ ᠤ᠋ᠨ ᠠᠩᠭᠢ ᠠ᠋ᠴᠠ ᠬᠠᠢᠯᠠᠪᠠ 

  ᠵᠢᠯᠣᠭᠣᠳᠤᠭᠴᠢ ᠪᠠᠭᠰᠢ᠄ ᠤᠴᠠᠷᠠᠯ 

ᠵᠠᠩᠭᠠᠷ ᠤ᠋ᠨ ᠳᠦᠷᠢ 

ᠲᠠᠬᠢᠯ ᠵᠤᠯᠠ ᠬᠠᠭᠠᠨ ᠤ᠋ ᠦᠯᠡᠳᠡᠯ
ᠲᠠᠩᠰᠤᠭ ᠪᠤᠮᠪᠠ ᠬᠠᠭᠠᠨ ᠤ᠋ ᠠᠴᠢ
ᠦᠵᠥᠩ ᠠᠯᠳᠠᠷ ᠬᠠᠭᠠᠨ ᠤ᠋ ᠬᠥᠪᠡᠭᠦᠨ
ᠦᠶ᠎ᠡ ᠶ᠋ᠢᠨ ᠥᠨᠥᠴᠢᠨ ᠵᠠᠩᠭᠠᠷ ᠢ᠋ ᠬᠡᠯᠡᠭᠡᠳ ᠦᠵᠡᠳᠡᠭ ᠪᠣᠯᠬᠤᠯ᠎ᠠ᠃
ᠭᠠᠩᠭ᠎ᠠ ᠮᠥᠷᠡᠨ ᠳᠠᠯᠠᠢ ᠴᠢᠨᠢ
ᠴᠠᠯᠴᠢᠭ ᠪᠠᠢᠭᠰᠠᠨ ᠴᠠᠭ ᠳᠤ ᠲᠥᠷᠥᠭᠰᠡᠨ
ᠭᠠᠯᠪᠠᠷ ᠽᠠᠨᠳᠠᠨ ᠮᠣᠳᠣᠨ ᠴᠢᠨᠢ ᠪᠤᠷᠠᠭ᠎ᠠ ᠨᠠᠢᠳᠠᠭ ᠴᠠᠭ ᠳᠤ ᠲᠥᠷᠥᠭᠰᠡᠨ
ᠭᠠᠷᠤᠭᠰᠠᠨ ᠠ᠋ᠴᠠ ᠪᠠᠨ ᠨᠠᠭᠠᠰᠢ ᠪᠠᠨ
ᠭᠠᠵᠠᠷ ᠤᠰᠤ ᠪᠠᠨ ᠠᠯᠳᠠᠭᠠᠳ ᠦᠭᠡᠢ᠃
ᠭᠠᠵᠢᠳ ᠤ᠋ᠨ ᠭᠤᠷᠪᠠᠨ ᠬᠠᠭᠠᠳ ᠤ᠋ᠨ ᠳᠣᠲᠣᠷ᠎ᠠ
ᠨᠡᠷ᠎ᠡ ᠴᠣᠯᠠ ᠪᠠᠨ ᠠᠯᠳᠠᠭᠠᠳ ᠦᠭᠡᠢ
ᠲᠥᠷᠥᠭᠰᠡᠨ ᠡᠴᠡ ᠪᠡᠨ ᠨᠠᠭᠠᠰᠢ ᠪᠠᠨ ᠲᠥᠷᠥ ᠱᠠᠵᠢᠨ ᠢ᠋ᠶ᠋ᠠᠨ ᠠᠯᠳᠠᠭᠠᠳ ᠦᠭᠡᠢ
ᠲᠥᠷᠥ ᠶ᠋ᠢᠨ ᠳᠥᠷᠪᠡᠨ ᠬᠠᠭᠠᠨ ᠤ᠋ ᠳᠣᠲᠣᠷ᠎ᠠ
ᠨᠡᠷ᠎ᠡ ᠲᠥᠷᠥ ᠪᠡᠨ ᠠᠯᠳᠠᠭᠠᠳ ᠦᠭᠡᠢ᠃
ᠠᠯᠳᠠᠷ ᠨᠣᠶᠠᠨ ᠵᠠᠩᠭᠠᠷ ᠭᠡᠵᠦ ᠬᠡᠯᠡᠳᠡᠭ ᠰᠠᠨᠵᠢ ᠭᠡᠨ᠎ᠡ ᠯᠡ᠃

ᠠᠪᠠᠢ ᠭᠡᠷᠡᠯ ᠬᠠᠲᠤᠨ ᠤ᠋ ᠳᠦᠷᠢ

ᠠᠯᠳᠠᠷ ᠨᠣᠶᠠᠨ ᠪᠣᠭᠳᠠ ᠵᠠᠩᠭᠠᠷ  ᠤ᠋ᠨ ᠠᠪᠠᠢ ᠭᠡᠷᠡᠯ ᠬᠠᠲᠤᠨ ᠤ᠋ ᠳᠦᠷᠢ ᠶ᠋ᠢ
ᠡᠨᠳᠡ ᠰᠠᠭᠤᠭ᠎ᠠ ᠲᠠᠨᠠᠷ ᠲᠠᠭᠠᠨ ᠡᠭᠡᠰᠢᠭ ᠳᠠᠭᠤᠤ ᠪᠠᠷ ᠤᠶᠠᠩᠭᠠᠯᠠᠭᠠᠳ
ᠬᠡᠯᠡᠭᠡᠳ ᠦᠵᠡᠳᠡᠭ ᠪᠣᠯᠬᠤᠯ᠎ᠠ᠃
ᠤᠷᠭᠤᠬᠤ ᠨᠠᠷᠠᠨ ᠤ᠋ ᠳᠦᠷᠢ ᠲᠡᠢ ᠭᠡᠨ᠎ᠡ
ᠤᠯᠠᠪᠠᠷ ᠤᠯᠠᠭᠠᠨ ᠬᠠᠴᠠᠷ ᠲᠠᠢ ᠭᠡᠨ᠎ᠡ
ᠭᠠᠷᠬᠤ ᠨᠠᠷᠠᠨ ᠤ᠋ ᠳᠦᠷᠢ ᠲᠡᠢ ᠭᠡᠨ᠎ᠡ
ᠭᠠᠯᠪᠢᠷ ᠤᠯᠠᠭᠠᠨ ᠬᠠᠴᠠᠷ ᠲᠠᠢ ᠭᠡᠨ᠎ᠡ
ᠦᠬᠦᠭᠰᠡᠨ ᠬᠥᠮᠦᠨ ᠢ᠋ ᠠᠮᠢᠳᠤᠷᠠᠭᠤᠯᠳᠠᠭ
ᠦᠭᠡᠢᠷᠡᠭᠰᠡᠨ ᠬᠥᠮᠦᠨ ᠢ᠋ ᠪᠠᠶᠠᠵᠢᠭᠤᠯᠳᠠᠭ
ᠰᠣᠬᠣᠷ ᠬᠥᠮᠦᠨ ᠳ᠋ᠦ᠍ ᠨᠢᠳᠦ ᠣᠷᠣᠭᠤᠯᠳᠠᠭ
ᠰᠤᠳᠤᠷ ᠬᠥᠮᠦᠨ ᠳ᠋ᠦ᠍ ᠤᠬᠠᠭ᠎ᠠ ᠣᠷᠣᠭᠤᠯᠳᠠᠭ
ᠭᠡᠷ ᠨᠡᠪᠲᠡ ᠭᠡᠷᠡᠯ ᠲᠡᠢ
ᠭᠡᠭᠡᠨ ᠨᠡᠪᠲᠡ ᠲᠣᠯᠢ ᠲᠠᠢ
ᠭᠡᠷᠡᠯ ᠳ᠋ᠦ᠍ᠨᠢ ᠦᠢᠯᠡ ᠪᠠᠷᠢᠮ᠎ᠠ
ᠭᠡᠭᠡᠨ ᠳ᠋ᠦ᠍ᠨᠢ ᠠᠳᠤᠭᠤ ᠮᠡᠨᠡᠮ᠎ᠡ
ᠡᠢᠮᠦ ᠰᠠᠢᠬᠠᠨ ᠢᠳᠡ ᠲᠡᠢ ᠰᠢᠲᠠ ᠲᠠᠢ ᠬᠠᠲᠤᠨ ᠭᠡᠵᠦ ᠬᠡᠯᠡᠳᠡᠭ ᠰᠠᠨᠵᠢ ᠭᠡᠨ᠎ᠡ ᠯᠡ᠃

ᠠᠷᠠᠭ ᠤᠯᠠᠭᠠᠨ ᠬᠣᠩᠭᠣᠷ ᠤ᠋ᠨ ᠳᠦᠷᠢ

ᠠᠯᠳᠠᠷ ᠨᠣᠶᠠᠨ ᠪᠣᠭᠳᠠ ᠵᠠᠩᠭᠠᠷ ᠤ᠋ᠨ ᠠᠷᠪᠠᠨ ᠬᠣᠶᠠᠷ ᠪᠠᠭᠠᠲᠤᠷ ᠤ᠋ᠨ ᠠᠬᠠᠯᠠᠭᠴᠢ
ᠠᠷᠠᠭ ᠤᠯᠠᠭᠠᠨ ᠬᠣᠩᠭᠣᠷ ᠢ᠋ ᠠᠶᠠᠯᠠᠭᠤᠯᠤᠨ ᠳᠠᠭᠤᠯᠠᠭᠠᠳ ᠬᠡᠯᠡᠭᠡᠳ ᠦᠵᠡᠳᠡᠭ ᠪᠣᠯᠬᠤᠯ᠎ᠠ᠃
ᠮᠠᠩᠨᠠᠢ ᠶ᠋ᠢᠨ ᠬᠣᠭᠣᠷᠣᠨᠳᠣ ᠨᠢ ᠮᠠᠩᠬᠡᠸ᠎ᠠ ᠶ᠋ᠢᠨ ᠭᠡᠭᠡᠨ ᠪᠦᠷᠢᠯᠳᠦᠭᠰᠡᠨ
ᠵᠤᠯᠠᠢ ᠶ᠋ᠢᠨ ᠬᠣᠭᠣᠷᠣᠨᠳᠣ ᠨᠢ ᠽᠦᠩᠬᠡᠸ᠎ᠠ ᠶ᠋ᠢᠨ ᠭᠡᠭᠡᠨ ᠪᠦᠷᠢᠯᠳᠦᠭᠰᠡᠨ
ᠳᠠᠯᠤ ᠡᠭᠡᠮ ᠢ᠋ ᠴᠣᠬᠢᠬᠤᠯᠠᠷ
ᠦᠭᠡ ᠠᠯᠳᠠᠳᠠᠭ ᠶᠣᠰᠣᠨ ᠦᠭᠡᠢ
ᠳᠠᠪᠤᠰᠠᠩ ᠤ᠋ᠨ ᠡᠬᠢ ᠪᠡᠷ ᠳᠡᠪᠢᠰᠬᠦᠯᠡᠷ ᠰᠢᠭᠡᠰᠦ ᠠᠯᠳᠠᠳᠠᠭ ᠶᠣᠰᠣᠨ ᠦᠭᠡᠢ
ᠪᠥᠬᠡ ᠪᠥᠬᠡ ᠪᠥᠭᠡᠯᠲᠡᠢ ᠪᠥᠬᠡ ᠮᠥᠩᠭᠥᠨ ᠰᠢᠭᠰᠢᠷᠡᠭᠡ ᠶ᠋ᠢᠨ ᠤᠤᠭᠠᠨ ᠭᠠᠭᠴᠠ ᠬᠥᠪᠡᠭᠦᠨ ᠠᠷᠤ ᠪᠤᠮᠪᠠ ᠶ᠋ᠢᠨ ᠣᠷᠣᠨ ᠤ᠋ ᠠᠷᠠᠭ ᠤᠯᠠᠭᠠᠨ ᠬᠣᠩᠭᠣᠷ ᠭᠡᠵᠦ ᠬᠡᠯᠡᠳᠡᠭ ᠰᠠᠨᠵᠢ ᠭᠡᠨ᠎ᠡ ᠯᠡ᠃

ᠭᠤᠷᠪᠠᠨ ᠪᠠᠭᠠᠲᠤᠷ

ᠲᠦᠪᠰᠢᠨ ᠰᠢᠷᠢᠬᠢ ᠶ᠋ᠢᠨ ᠠᠴᠢ ᠲᠡᠮᠦᠷᠯᠢᠭ ᠲᠡᠮᠦᠷ ᠬᠠᠭᠠᠨ ᠤ᠋ ᠬᠥᠪᠡᠭᠦᠨ
ᠪᠥᠬᠡ ᠮᠥᠩᠭᠥᠨ ᠰᠢᠭᠰᠢᠷᠭᠡ ᠶ᠋ᠢᠨ ᠤᠤᠭᠠᠨ ᠭᠠᠭᠴᠠ ᠬᠥᠪᠡᠭᠦᠨ

ᠠᠷᠪᠠᠨ ᠬᠣᠶᠠᠷ ᠪᠠᠭᠠᠲᠤᠷ ᠢ᠋ᠶ᠋ᠠᠨ ᠠᠯᠠᠭ ᠨᠢᠳᠦᠨ ᠦ᠌ ᠡᠷᠭᠢᠴᠡ ᠪᠡᠷ ᠪᠠᠢᠯᠭᠠᠳᠠᠭ
ᠠᠷᠤ ᠪᠤᠮᠪᠠ ᠶ᠋ᠢᠨ ᠣᠷᠣᠨ ᠤ᠋
ᠠᠷᠠᠭ ᠤᠯᠠᠭᠠᠨ ᠬᠣᠩᠭᠣᠷ ᠭᠡᠨ᠎ᠡ ᠯᠦ᠍᠃

ᠨᠠᠶᠠᠨ ᠨᠢᠭᠡᠨ ᠠᠯᠲᠠ ᠡᠰᠢ ᠲᠡᠢ ᠨᠠᠢ᠍ᠮᠠᠨ ᠠᠯᠲᠠ ᠢᠷ ᠲᠡᠢ
ᠬᠤᠷᠴᠠ ᠴᠠᠭᠠᠨ ᠰᠢᠲᠦ ᠲᠡᠢ ᠬᠤᠷᠳᠤᠨ ᠬᠠᠯᠵᠠᠨ ᠬᠦᠯᠦᠭ ᠲᠡᠢ

ᠬᠦᠢᠲᠡᠨ ᠴᠢᠯᠠᠭᠤᠨ ᠵᠢᠷᠦᠬᠡ ᠲᠡᠢ ᠬᠦᠷᠦᠭᠡ ᠭᠠᠵᠠᠷ ᠢᠳᠡ ᠲᠡᠢ ᠬᠥᠮᠦᠨ ᠦ᠌ ᠨᠠᠴᠢᠨ ᠱᠣᠩᠬᠣᠷ ᠬᠦᠨᠳᠦ ᠭᠠᠷᠲᠤ ᠰᠠᠪᠠᠷ ᠭᠡᠨ᠎ᠡ ᠯᠦ᠍᠃

ᠲᠡᠮᠦᠷ ᠰᠦᠮ᠎ᠡ ᠶ᠋ᠢᠨ ᠡᠭᠦᠳᠡ ᠶ᠋ᠢ ᠪᠠᠲᠤᠯᠠᠨ ᠰᠠᠬᠢᠳᠠᠭ ᠠᠯᠲᠠᠨ ᠴᠡᠭᠡᠵᠢ
ᠲᠥᠷᠥ ᠱᠠᠵᠢᠨ ᠬᠣᠶᠠᠷ ᠢ᠋ ᠨᠣᠮᠯᠠᠨ ᠰᠠᠬᠢᠳᠠᠭ ᠠᠯᠲᠠᠨ ᠴᠡᠭᠡᠵᠢ

ᠠᠷᠠᠭ ᠵᠤᠯᠠ ᠬᠠᠭᠠᠨ ᠤ᠋ ᠬᠥᠪᠡᠭᠦᠨ ᠠᠭᠰᠤᠮ ᠤᠯᠠᠭᠠᠨ ᠬᠦᠯᠦᠭ ᠲᠡᠢ ᠠᠶᠠᠭ᠎ᠠ ᠶ᠋ᠢᠨ ᠴᠢᠨᠡᠭᠡᠨ ᠠᠯᠠᠭ ᠨᠢᠳᠦ ᠲᠡᠢ
ᠠᠯᠲᠠᠨ ᠴᠡᠭᠡᠵᠢ ᠪᠠᠪᠤ ᠭᠡᠨ᠎ᠡ ᠯᠦ᠍᠃

   ᠦᠰᠦᠭ ᠬᠠᠳᠠᠭᠴᠢ᠄ ᠲᠣᠳᠤᠭᠡᠷᠡᠯ
   ᠦᠰᠦᠭ ᠠᠮᠢᠯᠠᠭᠤᠯᠤᠭᠠᠴᠢ᠄ ᠨᠠᠷᠠᠨᠲᠣᠭᠣᠰ᠂ ᠨᠡ᠊· ᠴᠠᠭᠠᠨ
   ᠬᠢᠨᠠᠭᠴᠢ᠄ ᠤᠤᠭᠠᠨᠵᠢᠳ᠂ ᠣᠳᠬᠠᠨᠰᠣ᠎ᠠ᠂ ᠤᠴᠠᠷᠠᠯ᠂ ᠨᠠᠷᠠᠨᠲᠣᠭᠣᠰ