ᠶᠠᠭᠤᠨ ᠳ᠋ᠤ᠌ ᠬᠤᠷᠰᠢᠬᠤ ᠪᠣᠢ-ᠬᠣᠨᠢᠴᠢᠨ ᠦᠯᠵᠡᠢᠰᠦ᠋ᠷᠥᠩЮунд хорших бэ ᠠᠵᠤ ᠠᠬᠤᠢ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠠᠭᠤᠨ ᠳ᠋ᠤ᠌ ᠬᠤᠷᠰᠢᠬᠤ ᠪᠣᠢ-ᠬᠣᠨᠢᠴᠢᠨ ᠦᠯᠵᠡᠢᠰᠦ᠋ᠷᠥᠩЮунд хорших бэ

ᠶᠠᠭᠤᠨ ᠳ᠋ᠤ᠌ ᠬᠤᠷᠰᠢᠬᠤ ᠪᠣᠢ-ᠬᠣᠨᠢᠴᠢᠨ ᠦᠯᠵᠡᠢᠰᠦ᠋ᠷᠥᠩЮунд хорших бэ

ᠠᠩᠭᠢᠯᠠᠯ:ᠠᠵᠤ ᠠᠬᠤᠢ
2025-08-09

207

      ᠳ᠋ᠣᠺᠲ᠋ᠣᠷ ᠬᠣᠨᠢᠴᠢᠨ ᠦᠯᠵᠡᠢᠰᠦ᠋ᠷᠥᠩ  

ᠪᠢᠳᠡᠨ ᠦ᠌ ᠮᠡᠳᠡᠭᠡᠵᠢ ᠥᠩᠭᠡᠷᠡᠭᠰᠡᠨ ᠵᠢᠯ ᠦ᠋ᠳ ᠲᠦ᠍ ᠬᠣᠨᠢ ᠮᠠᠯ ᠲᠡᠵᠢᠭᠡᠬᠦ᠂ ᠰᠦ ᠴᠠᠭᠠᠨ ᠢᠳᠡᠭᠡ ᠪᠣᠯᠪᠠᠡᠰᠤᠷᠠᠭᠤᠯᠬᠤ ᠭᠡᠳ ᠣᠯᠠᠨ ᠵᠦᠢᠯ ᠦ᠋ᠨ ᠬᠣᠷᠰᠢᠶᠠᠵᠢᠯ ᠭᠠᠷᠴᠤ᠂ ᠮᠠᠯᠴᠢᠳ ᠴᠤ᠌ ᠲᠡᠷᠡ ᠳᠤᠮᠳᠠ ᠣᠷᠣᠵᠤ ᠣᠯᠤᠯᠲᠠ ᠠᠮᠵᠢᠯᠲᠠ ᠶ᠋ᠢ ᠨᠢ ᠬᠤᠪᠢᠶᠠᠯᠴᠠᠵᠤ ᠢᠷᠡᠭᠰᠡᠨ ᠪᠠᠢᠳᠠᠭ᠃ ᠮᠠᠯᠴᠢᠳ ᠤ᠋ᠨ ᠬᠤᠪᠢ ᠳ᠋ᠤ᠌ ᠬᠣᠷᠰᠢᠶᠠᠵᠢᠯ ᠳ᠋ᠤ᠌ ᠣᠷᠣᠯᠴᠠᠭᠠᠳ ᠣᠯᠠᠨ ᠲᠠᠯ᠎ᠠ ᠪᠠᠷ ᠠᠰᠢᠭ ᠬᠦᠷᠲᠡᠵᠦ᠂ ᠦᠢᠯᠡᠳᠪᠦᠷᠢᠯᠡᠯ ᠠᠮᠢᠳᠤᠷᠠᠯ ᠳ᠋ᠠᠭᠠᠨ ᠳᠥᠭᠥᠮ ᠦᠵᠡᠭᠦᠯᠦᠭᠰᠡᠨ ᠨᠢᠭᠡᠨ ᠪᠠᠢᠬᠤ ᠳ᠋ᠤ᠌᠂ ᠠᠯᠳᠠᠵᠤ᠂ᠬᠣᠷᠰᠢᠶᠠᠵᠢᠯ ᠨᠢ ᠵᠠᠳᠠᠷᠠᠭᠰᠠᠨ ᠨᠢ ᠴᠦ᠍ ᠵᠥᠩᠳᠡᠭᠡᠨ᠃ ᠶᠠᠭᠠᠬᠢᠭᠠᠳ ᠵᠠᠷᠢᠮ ᠨᠢᠭᠡ ᠨᠢ ᠠᠰᠢᠭ ᠣᠯᠵᠤ ᠴᠢᠳᠠᠭᠠᠳ᠂ ᠵᠠᠷᠢᠮ ᠨᠢ ᠠᠯᠳᠠᠭᠳᠠᠯ  ᠳ᠋ᠤ᠌ ᠤᠴᠠᠷᠠᠭᠰᠠᠨ ᠪᠣᠢ?  ᠬᠣᠷᠰᠢᠶᠠᠵᠢᠯ ᠮᠠᠨ ᠤ᠋ ᠮᠠᠯᠵᠢᠬᠤ ᠦᠢᠯᠡᠳᠪᠦᠷᠢᠯᠡᠯ ᠠᠮᠢᠳᠤᠷᠠᠯ ᠳ᠋ᠤ᠌ ᠲᠣᠬᠢᠷᠠᠬᠤ ᠤᠤ? ᠡᠰᠡ ᠲᠣᠬᠢᠷᠠᠬᠤ ᠤᠤ? ᠬᠣᠷᠰᠢᠶᠠᠵᠢᠯ ᠪᠠᠢᠭᠤᠯᠬᠤ ᠶ᠋ᠢᠨ ᠦᠨᠳᠦᠰᠦᠨ ᠵᠣᠷᠢᠯᠭ᠎ᠠ ᠨᠢ ᠬᠥᠮᠦᠰ ᠥᠪᠡᠷ ᠦ᠋ᠨ ᠦᠢᠯᠡᠳᠪᠦᠷᠢᠯᠡᠯ ᠠᠮᠢᠳᠤᠷᠠᠯ ᠳ᠋ᠠᠭᠠᠨ ᠬᠠᠮᠲᠤᠷᠠᠯᠴᠠᠵᠤ᠂ ᠳᠠᠪᠠᠭᠤᠯᠢᠭ ᠢ᠋ᠶ᠋ᠠᠨ ᠪᠠᠳᠠᠷᠠᠭᠤᠯᠤᠨ᠂ᠳᠤᠲᠠᠭᠤ ᠪᠠᠨ ᠨᠥᠬᠥᠵᠦ ᠂ ᠢᠯᠡᠭᠦᠦ ᠠᠰᠢᠭ ᠲᠠᠢ ᠠᠵᠢᠯᠯᠠᠬᠤ ᠶ᠋ᠢᠨ ᠲᠥᠯᠥᠭᠡ ᠪᠠᠢᠳᠠᠭ᠃ ᠡᠢᠮᠦ ᠴᠦ᠍ ᠤᠴᠢᠷ ᠠ᠋ᠴᠠ ᠬᠣᠷᠰᠢᠶᠠᠵᠢᠯ ᠪᠣᠯ ᠮᠠᠯᠴᠢᠳ ᠲᠤ᠌ ᠮᠠᠰᠢ ᠬᠡᠷᠡᠭᠲᠡᠢ ᠵᠦᠢᠯ ᠪᠣᠯᠬᠤ ᠶᠤᠮ᠃ ᠬᠠᠷᠢᠨ ᠡᠭᠦᠨ  ᠢ᠋ ᠶᠠᠭᠠᠬᠢᠵᠤ ᠮᠠᠯᠴᠢᠳ ᠲᠤ᠌ ᠠᠰᠢᠭᠲᠠᠢ ᠬᠡᠯᠪᠡᠷᠢ ᠪᠡᠷ ᠦᠢᠯᠡᠴᠢᠯᠡᠭᠦᠯᠬᠦ ᠪᠣᠢ ᠭᠡᠳᠡᠭ ᠨᠢ ᠮᠠᠰᠢ ᠴᠢᠬᠤᠯᠠ᠃ ᠡᠭᠦᠨ ᠳ᠋ᠦ᠍ ᠬᠡᠳᠦᠨ ᠵᠦᠢᠯ ᠦ᠋ᠨ ᠦᠨᠳᠦᠰᠦᠨ ᠨᠥᠬᠥᠴᠡᠯ ᠱᠠᠭᠠᠷᠳᠠᠭᠳᠠᠨ᠎ᠠ᠃ 
ᠨᠢᠭᠡ ᠂ ᠵᠣᠷᠢᠯᠲᠠ ᠲᠣᠳᠣᠷᠬᠠᠢ ᠪᠠᠢᠬᠤ 
ᠬᠣᠷᠰᠢᠶᠠᠵᠢᠯ ᠪᠠᠢᠭᠤᠯᠬᠤ ᠨᠢ ᠪᠦᠭᠦᠳᠡ ᠶᠠᠮᠠᠷ ᠨᠢᠭᠡᠨ ᠠᠵᠢᠯ ᠢ᠋ ᠢᠯᠡᠭᠦᠦ ᠦᠷ᠎ᠡ ᠪᠦᠲᠦᠮᠵᠢᠲᠡᠢ ᠬᠢᠬᠦ ᠶ᠋ᠢᠨ ᠲᠥᠯᠥᠭᠡ ᠪᠠᠢᠳᠠᠭ᠃ ᠡᠨᠡ ᠨᠢ ᠬᠣᠷᠰᠢᠶᠠᠵᠢᠯ ᠳ᠋ᠤ᠌ ᠣᠷᠣᠯᠴᠠᠠᠭᠰᠠᠨ ᠬᠥᠮᠦᠨ ᠪᠦᠬᠦᠨ ᠵᠠᠪᠠᠯ ᠨᠢᠭᠡᠨ ᠬᠠᠮᠲᠤ ᠶ᠋ᠢᠨ ᠵᠣᠷᠢᠯᠲᠠ ᠲᠠᠢ ᠪᠠᠢᠵᠤ᠂ ᠡᠨᠡᠬᠦ ᠵᠣᠷᠢᠯᠲᠠ ᠶ᠋ᠢᠨ ᠢ᠋ᠶ᠋ᠡᠨ ᠲᠥᠯᠥᠭᠡ ᠬᠠᠮᠲᠤ ᠶ᠋ᠢᠨ ᠬᠦᠴᠦ ᠪᠡᠷ ᠵᠢᠳᠬᠦᠭᠰᠡᠨ ᠪᠠᠢᠬᠤ ᠶ᠋ᠢ ᠱᠠᠭᠠᠷᠳᠠᠨ᠎ᠠ᠃ ᠡᠢᠮᠦ ᠡᠴᠡ ᠠᠵᠢᠯ ᠢ᠋ᠶ᠋ᠠᠨ ᠡᠬᠢᠯᠡᠬᠦ ᠡᠴᠡ ᠡᠮᠦᠨ᠎ᠡ ᠵᠠᠪᠠᠯ ᠵᠣᠷᠢᠯᠲᠠ ᠪᠠᠨ ᠲᠣᠳᠣ ᠪᠣᠯᠭᠠᠵᠤ ᠂ ᠶᠠᠭᠤ ᠬᠢᠬᠦ ᠪᠡᠨ ᠲᠣᠭᠲᠠᠭᠰᠠᠨ ᠪᠠᠢᠬᠤ ᠬᠡᠷᠡᠭᠲᠡᠢ᠃ ᠢᠩᠭᠢᠵᠦ ᠪᠠᠢᠵᠤ ᠪᠦᠭᠦᠳᠡ ᠪᠡᠷ ᠰᠡᠳᠬᠢᠯ ᠨᠢᠭᠡᠳᠴᠦ ᠴᠢᠳᠠᠬᠤ ᠮᠥᠷᠲᠡᠭᠡᠨ ᠲᠣᠳᠣᠷᠬᠠᠢ ᠬᠢᠬᠦ ᠠᠵᠢᠯ ᠤ᠋ᠨ ᠬᠠᠷᠠᠯᠲᠠ ᠲᠠᠢ ᠪᠣᠯᠵᠤ ᠴᠢᠳᠠᠳᠠᠭ᠃ 
ᠬᠣᠶᠠᠷ ᠂ ᠠᠵᠢᠯ ᠤ᠋ᠨ ᠬᠤᠪᠢᠶᠠᠷᠢ ᠲᠣᠳᠣᠷᠬᠠᠢ ᠪᠠᠢᠬᠤ 
ᠬᠣᠷᠰᠢᠶᠠᠵᠢᠯ ᠭᠡᠳᠡᠭ ᠪᠣᠯ ᠪᠢᠳᠡ ᠠᠵᠢᠯ ᠢ᠋ᠶ᠋ᠠᠨ ᠬᠤᠷᠰᠢᠵᠤ ᠪᠠᠢᠵᠤ ᠭᠦᠢᠴᠡᠳᠬᠡᠬᠦ ᠶᠠᠪᠤᠴᠠ ᠪᠣᠯᠤᠨ᠎ᠠ᠃ ᠡᠨᠡᠬᠦ ᠶᠠᠪᠤᠴᠠ ᠳ᠋ᠤ᠌ ᠬᠥᠮᠦᠨ ᠪᠦᠬᠦᠨ ᠦ᠌ ᠡᠭᠦᠷᠭᠡ ᠣᠷᠣᠯᠴᠠᠭ᠎ᠠ ᠥᠭᠡᠷ᠎ᠡ ᠥᠭᠡᠷ᠎ᠡ ᠪᠠᠢᠬᠤ ᠨᠢ ᠳᠠᠮᠵᠢᠭ ᠦᠭᠡᠢ᠃ ᠬᠠᠷᠢᠨ ᠡᠭᠦᠨ ᠢ᠋ ᠶᠠᠭᠠᠬᠢᠵᠤ ᠵᠣᠬᠢᠴᠠᠭᠤᠯᠬᠤ ᠪᠣᠢ ᠭᠡᠳᠡᠭ ᠨᠢ ᠴᠢᠬᠤᠯᠠ ᠃ ᠬᠥᠮᠦᠰ ᠬᠤᠪᠢ ᠶᠢᠨ ᠠᠵᠢᠯ ᠢ᠋ᠶ᠋ᠠᠨ ᠬᠢᠬᠦ ᠶᠠᠪᠤᠴᠠ ᠳ᠋ᠤ᠌ ᠶᠡᠬᠡ ᠡᠴᠡ ᠪᠠᠭ᠎ᠠ ᠪᠦᠬᠦ ᠵᠦᠢᠯ ᠊ᠢ ᠥᠪᠡᠷ ᠢ᠋ᠶ᠋ᠡᠨ ᠬᠢᠵᠦ ᠭᠦᠢᠴᠡᠭᠡᠳᠡᠭ᠃ ᠬᠠᠷᠢᠨ ᠬᠣᠷᠰᠢᠶᠠᠵᠢᠯ ᠳ᠋ᠤ᠌ ᠬᠠᠮᠲᠤ ᠪᠠᠷ ᠨᠢᠭᠡ ᠠᠵᠢᠯ ᠢ᠋ ᠬᠢᠵᠦ ᠪᠠᠢᠭ᠎ᠠ ᠤᠴᠢᠷ ᠠ᠋ᠴᠠ ᠠᠵᠢᠯ ᠤ᠋ᠨ ᠨᠠᠷᠢᠯᠢᠭ ᠬᠤᠪᠢᠶᠠᠷᠢ ᠲᠠᠢ ᠪᠠᠢᠬᠤ ᠬᠡᠷᠡᠭᠲᠡᠢ ᠃ ᠢᠩᠭᠢᠪᠡᠯ ᠰᠠᠶᠢ ᠠᠵᠢᠯ ᠡᠮᠬᠢ ᠳᠠᠷᠠᠭ᠎ᠠ ᠲᠠᠢ ᠶᠠᠪᠤᠭᠳᠠᠵᠤ ᠴᠢᠳᠠᠬᠤ ᠮᠥᠷᠲᠡᠭᠡᠨ ᠳᠠᠪᠬᠤᠴᠠᠬᠤ ᠦᠭᠡᠢ ᠪᠠᠢᠵᠤ ᠦᠷ᠎ᠡ ᠪᠦᠲᠦᠮᠵᠢ ᠥᠨᠳᠥᠷ ᠪᠣᠯᠵᠤ ᠴᠢᠳᠠᠨ᠎ᠠ᠃ ᠠᠵᠢᠯ ᠢ᠋ᠶ᠋ᠠᠨ ᠬᠤᠪᠢᠶᠠᠷᠢᠯᠠᠬᠤ ᠳ᠋ᠠᠭᠠᠨ ᠴᠤ᠌  ᠬᠥᠮᠦᠨ ᠬᠥᠮᠦᠨ ᠦ᠌ ᠣᠨᠴᠠᠯᠢᠭ ᠢ᠋ ᠦᠨᠳᠦᠰᠦᠯᠡᠵᠦ ᠳᠠᠪᠠᠭᠤᠯᠢᠭ ᠢ᠋ ᠨᠢ ᠬᠠᠷᠠᠭᠠᠯᠴᠠᠨ ᠠᠵᠢᠯ ᠲᠣᠬᠢᠷᠠᠭᠤᠯᠵᠤ ᠥᠭᠬᠦ ᠬᠡᠷᠡᠭᠲᠡᠢ᠃ ᠢᠩᠭᠢᠪᠡᠯ ᠬᠥᠮᠦᠰ ᠦ᠋ᠨ ᠳᠠᠪᠠᠭᠤᠯᠢᠭ ᠢ᠋ ᠬᠠᠮᠲᠤ ᠶ᠋ᠢᠨ ᠦᠢᠯᠡᠰ ᠲᠦ᠍ ᠠᠰᠢᠭᠯᠠᠵᠤ ᠴᠢᠳᠠᠬᠤ ᠮᠥᠷᠲᠡᠭᠡᠨ ᠬᠤᠪᠢ ᠬᠥᠮᠦᠨ ᠦ᠌ ᠢᠳᠡᠪᠬᠢᠵᠢᠯ ᠢ᠋ ᠳᠠᠢᠴᠢᠯᠠᠵᠤ ᠴᠢᠳᠠᠨ᠎ᠠ᠃ 
ᠭᠤᠷᠪᠠ ᠂ ᠳᠠᠩᠰᠠ ᠲᠣᠳᠣᠷᠬᠠᠢ ᠪᠠᠢᠬᠤ 
ᠠᠢᠯ ᠭᠡᠷ ᠦ᠋ᠨ ᠠᠵᠢᠯ ᠳ᠋ᠤ᠌ ᠴᠤ᠌ ᠨᠠᠷᠢᠯᠢᠭ ᠳᠣᠭᠣᠴᠠᠭ᠎ᠠ ᠬᠡᠷᠡᠭᠲᠡᠢ ᠪᠠᠢᠳᠠᠭ᠂ ᠲᠡᠷᠡ ᠳᠣᠳᠣᠮ ᠢ᠋ᠶ᠋ᠠᠨ ᠠᠵᠢᠯ ᠠᠮᠢᠳᠤᠷᠠᠯ ᠳ᠋ᠤ᠌ ᠪᠠᠨ ᠬᠡᠳᠦ ᠨᠠᠷᠢᠯᠢᠭ ᠳᠣᠭᠣᠴᠠᠭ᠎ᠠ ᠬᠢᠵᠦ ᠴᠢᠳᠠᠳᠠᠭ ᠨᠢᠭᠡᠨ ᠦ᠌ ᠬᠢᠨᠢ ᠠᠵᠢᠯ ᠢᠯᠡᠭᠦᠦ ᠪᠦᠲᠦᠮᠵᠢᠲᠡᠢ ᠪᠠᠢᠳᠠᠭ ᠪᠢᠯᠡ᠃ ᠬᠠᠷᠢᠨ ᠬᠣᠷᠰᠢᠶᠠᠵᠢᠯ ᠪᠣᠯ ᠣᠯᠠᠨ ᠬᠥᠮᠦᠨ ᠬᠠᠮᠲᠤᠷᠠᠵᠤ ᠬᠢᠵᠦ ᠪᠠᠢᠭ᠎ᠠ ᠪᠠᠷ ᠢ᠋ᠶ᠋ᠠᠨ ᠺᠣᠮᠫᠠᠨᠢ ᠪᠤᠶᠤ ᠠᠵᠤ ᠠᠬᠤᠢᠯᠠᠯ ᠲᠠᠢ ᠠᠳᠠᠯᠢᠬᠠᠨ ᠪᠠᠢᠵᠤ᠂ ᠨᠠᠷᠢᠯᠢᠭ  ᠳᠣᠭᠣᠴᠠᠭ᠎ᠠ ᠱᠠᠭᠠᠷᠳᠠᠯᠭ᠎ᠠ ᠲᠠᠢ᠃ ᠢᠩᠭᠢᠵᠦ ᠪᠠᠢᠵᠤ ᠠᠵᠢᠯ ᠢ᠋ᠶ᠋ᠠᠨ ᠵᠥᠪ ᠲᠥᠯᠥᠪᠯᠡᠵᠦ᠂ ᠤᠷᠤᠭᠰᠢᠲᠠᠢ ᠬᠥᠲᠥᠯᠦᠨ᠂ ᠠᠰᠢᠭ ᠣᠷᠣᠯᠭ᠎ᠠ ᠲᠠᠢ ᠪᠠᠢᠯᠭᠠᠵᠤ ᠴᠢᠳᠠᠨ᠎ᠠ᠃ ᠡᠭᠦᠨ ᠢ᠋ᠶ᠋ᠡᠷ ᠴᠦ᠍ ᠵᠣᠭᠰᠣᠬᠤ ᠦᠭᠡᠢ ᠬᠠᠮᠲᠤ ᠨᠡᠢᠲᠡ ᠶ᠋ᠢᠨ ᠠᠵᠢᠯ ᠳ᠋ᠤ᠌ ᠨᠠᠷᠢᠯᠢᠭ ᠳᠠᠩᠰᠠ ᠳᠣᠭᠣᠴᠠᠭ᠎ᠠ ᠬᠢᠵᠦ᠂ ᠬᠠᠮᠲᠤ ᠣᠯᠠᠨ ᠳ᠋ᠠᠭᠠᠨ ᠢᠯᠡ ᠲᠣᠳᠣ ᠪᠠᠢᠯᠭᠠᠨ᠎ᠠ ᠭᠡᠳᠡᠭ ᠪᠣᠯ ᠣᠯᠠᠨ ᠳ᠋ᠠᠭᠠᠨ ᠬᠠᠷᠢᠭᠤᠴᠠᠯᠭ᠎ᠠ᠂ ᠢᠲᠡᠭᠡᠯ  ᠲᠡᠢ ᠪᠠᠢᠬᠤ ᠶ᠋ᠢᠨ ᠲᠡᠮᠳᠡᠭ ᠮᠥᠨ᠃ 
ᠵᠠᠬ᠎ᠠ ᠵᠡᠭᠡᠯᠢ ᠶ᠋ᠢᠨ ᠠᠵᠤ ᠠᠬᠤᠢ ᠶ᠋ᠢᠨ ᠨᠥᠬᠥᠴᠡᠯ ᠳ᠋ᠦ᠍ ᠭᠡᠷ ᠪᠦᠯᠢ  ᠶ᠋ᠢᠨ ᠵᠢᠵᠢᠭ ᠦᠢᠯᠡᠳᠪᠦᠷᠢᠯᠡᠯ ᠬᠠᠰᠢᠭᠳᠠᠵᠤ ᠪᠠᠢᠭ᠎ᠠ ᠠ᠋ᠴᠠ ᠮᠠᠯᠴᠢᠳ ᠶᠠᠮᠠᠷ ᠨᠢᠭᠡᠨ ᠬᠡᠯᠪᠡᠷᠢ ᠪᠡᠷ ᠬᠣᠷᠰᠢᠵᠤ ᠬᠠᠮᠲᠤᠷᠠᠨ ᠦᠢᠯᠡᠳᠪᠦᠷᠢᠯᠡᠯ ᠠᠮᠢᠳᠤᠷᠠᠯ ᠢ᠋ᠶ᠋ᠠᠨ ᠠᠪᠴᠤ ᠶᠠᠪᠤᠬᠤ ᠨᠢ ᠴᠠᠭ ᠡᠷᠡᠨ ᠦ᠌ ᠪᠠᠰᠠ ᠨᠢᠭᠡᠨ ᠲᠤᠯᠭᠠᠮ᠎ᠠ ᠱᠠᠭᠠᠷᠳᠠᠯᠭ᠎ᠠ ᠪᠣᠯᠵᠤ ᠪᠣᠢ᠃ ᠡᠨᠡ ᠪᠠᠢᠳᠠᠯ ᠳ᠋ᠤ᠌ ᠮᠠᠯᠴᠢᠳ ᠬᠣᠷᠰᠢᠬᠤ ᠳ᠋ᠠᠭᠠᠨ ᠳᠡᠭᠡᠷᠡᠬᠢ ᠭᠤᠷᠪᠠᠨ ᠨᠥᠬᠥᠴᠡᠯ ᠢ᠋ ᠦᠨᠳᠦᠰᠦ ᠪᠣᠯᠭᠠᠨ ᠪᠠᠷᠢᠮᠲᠠᠯᠠᠬᠤ ᠨᠢ ᠬᠣᠷᠰᠢᠶᠠᠵᠢᠯ  ᠢ᠋ᠶ᠋ᠠᠨ ᠤᠷᠲᠤ ᠤᠳᠠᠭᠠᠨ᠂ ᠠᠰᠢᠭ ᠣᠷᠣᠯᠭ᠎ᠠ ᠲᠠᠢ ᠠᠪᠴᠤ ᠶᠠᠪᠤᠬᠤ  ᠶ᠋ᠢᠨ ᠬᠠᠮᠤᠭ ᠡᠬᠢᠨ ᠦ᠌ ᠱᠠᠭᠠᠷᠳᠠᠯᠭ᠎ᠠ ᠪᠣᠯᠤᠨ᠎ᠠ᠃ 

 ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ