ᠬᠠᠭᠤᠴᠢᠨ ᠬᠦᠦ-ᠳ᠋᠊᠂ ᠨᠠᠴᠤᠭᠳᠣᠷᠵᠢХуучин хүү-Д.Нацагдорж Huuchin huu-D.Natsagdorj
ᠠᠩᠭᠢᠯᠠᠯ:ᠨᠠᠢᠷᠠᠭᠤᠯᠤᠯ ᠥᠭᠦᠯᠡᠯᠭᠡНайруулал өгүүллэг 2022-05-29
2673
ᠬᠠᠭᠤᠴᠢᠨ ᠬᠦᠦ ᠳ᠋᠊᠂ ᠨᠠᠴᠤᠭᠳᠣᠷᠵᠢᠬᠥᠳᠡᠭᠡ ᠶ᠋ᠢᠨ ᠪᠠᠢᠳᠠᠯ ᠱᠠᠯᠳᠠᠷ ᠪᠤᠯᠳᠠᠷ᠂ ᠴᠠᠭ ᠤ᠋ᠨ ᠤᠯᠠᠷᠢᠯ ᠣᠷᠣᠭ᠎ᠠ ᠪᠣᠰᠠᠠᠠᠭᠠ᠂ ᠡᠯᠡᠰᠦ ᠲᠡᠢ ᠱᠠᠩᠳᠠ᠂ ᠪᠤᠲᠠ ᠲᠠᠢ ᠴᠠᠢᠳᠠᠮ ᠢ᠋ ᠳᠠᠭᠠᠵᠤ᠂ ᠬᠠᠶᠠ ᠨᠢᠭᠡ ᠬᠠᠷ᠎ᠠ ᠭᠡᠷ ᠡᠴᠡ ᠤᠲᠤᠭ᠎ᠠ ᠰᠤᠭᠤᠨᠠᠭᠯᠠᠨ᠎ᠠ᠃ ᠳᠥᠷᠪᠡᠨ ᠵᠦᠭ ᠴᠠᠪ ᠴᠡᠯᠡᠢᠨ ᠤᠢᠳᠬᠠᠷ ᠲᠠᠢ᠂ ᠴᠠᠭᠠᠨ ᠤᠨᠢᠶᠠᠷ ᠲᠤᠨᠤᠨ᠎ᠠ᠃ ᠵᠤᠨ ᠤ᠋ ᠯᠦᠭᠬᠢᠮᠡ ᠬᠠᠯᠠᠭᠤᠨ᠂ ᠢᠰᠡᠭᠡᠢ ᠭᠡᠷ ᠢ᠋ ᠰᠢᠷᠠᠵᠤ᠂ ᠮᠠᠯᠴᠢᠨ ᠬᠥᠮᠦᠨ ᠦ᠌ ᠰᠡᠳᠬᠢᠯ ᠢ᠋ ᠪᠤᠬᠢᠨᠢᠳᠤᠭᠤᠯᠤᠨ᠎ᠠ᠃ᠠᠢᠯ ᠤ᠋ᠨ ᠬᠠᠶᠠᠭ᠎ᠠ ᠪ...