ᠶᠢᠷᠲᠢᠨᠴᠦ ᠶᠢᠨ ᠭᠤᠷᠪᠠ ᠥᠩᠭᠡ ᠨᠦᠭᠦᠳЕртөнцийн гурав өнгөнүүд
ᠶᠢᠷᠲᠢᠨᠴᠦ ᠶᠢᠨ ᠭᠤᠷᠪᠠ ᠥᠩᠭᠡ ᠨᠦᠭᠦᠳ
ᠶᠢᠷᠲᠢᠨᠴᠦ ᠶ᠋ᠢᠨ ᠭᠤᠷᠪᠠᠨ ᠴᠠᠭᠠᠨ
ᠥᠰᠬᠦ ᠳ᠋ᠦ᠍ ᠰᠢᠳᠦ ᠴᠠᠭᠠᠨ
ᠦᠲᠡᠯᠬᠦ ᠳ᠋ᠦ᠍ ᠦᠰᠦ ᠴᠠᠭᠠᠨ
ᠦᠬᠦᠬᠦ ᠳ᠋ᠦ᠍ ᠶᠠᠰᠤ ᠴᠠᠭᠠᠨ
ᠶᠢᠷᠲᠢᠨᠴᠦ ᠶ᠋ᠢᠨ ᠭᠤᠷᠪᠠᠨ ᠤᠯᠠᠭᠠᠨ
ᠵᠢᠪᠠᠷ ᠲᠠᠢ ᠲᠩᠷᠢ ᠶ᠋ᠢᠨ ᠬᠠᠶᠠᠭ᠎ᠠ ᠨᠢᠭᠡ ᠤᠯᠠᠭᠠᠨ
ᠵᠢᠷᠭᠠᠯᠲᠠᠢ ᠬᠠᠲᠤᠨ ᠤ᠋ ᠬᠠᠴᠠᠷ ᠨᠢᠭᠡ ᠤᠯᠠᠭᠠᠨ
ᠵᠢᠯᠠᠭᠠᠨ ᠳ᠋ᠤ᠌ ᠤᠷᠭᠤᠭᠰᠠᠨ ᠰᠤᠬᠠᠢ ᠨᠢᠭᠡ ᠤᠯᠠᠭᠠᠨ
ᠶᠢᠷᠲᠢᠨᠴᠦ ᠶ᠋ᠢᠨ ᠭᠤᠷᠪᠠᠨ ᠨᠣᠭᠣᠭᠠᠨ
ᠲᠠᠭ ᠲᠤ᠌ ᠤᠷᠭᠤᠭᠰᠠᠨ ᠠᠷᠴᠠ ᠨᠣᠭᠣᠭᠠᠨ
ᠲᠠᠢᠭ᠎ᠠ ᠳ᠋ᠤ᠌ ᠤᠷᠭᠤᠭᠰᠠᠨ ᠬᠤᠰᠢ ᠨᠣᠭᠣᠭᠠᠨ
ᠲᠠᠯ᠎ᠠ ᠳ᠋ᠤ᠌ ᠤᠷᠭᠤᠭᠰᠠᠨ ᠵᠡᠭᠡᠷᠭᠡᠨ᠎ᠡ ᠨᠣᠭᠣᠭᠠᠨ
ᠶᠢᠷᠲᠢᠨᠴᠦ ᠶ᠋ᠢᠨ ᠭᠤᠷᠪᠠᠨ ᠰᠢᠷ᠎ᠠ
ᠡᠷᠳᠡᠨᠢ ᠳ᠋ᠦ᠍ ᠠᠯᠲᠠ ᠨᠢᠭᠡ ᠰᠢᠷ᠎ᠠ
ᠡᠳ᠋ ᠵᠠᠩᠴᠢ ᠨᠢᠭᠡ ᠰᠢᠷ᠎ᠠ
ᠢᠳᠡᠭᠡᠨ ᠳ᠋ᠦ᠍ ᠤᠭᠤᠷᠠᠭ ᠨᠢᠭᠡ ᠰᠢᠷ᠎ᠠ
ᠶᠢᠷᠲᠢᠨᠴᠦ ᠶ᠋ᠢᠨ ᠭᠤᠷᠪᠠᠨ ᠬᠥᠬᠡ
ᠠᠭᠤᠳᠠᠮ ᠲᠩᠷᠢ ᠶ᠋ᠢᠨ ᠬᠠᠶᠠᠭ᠎ᠠ ᠨᠢᠭᠡ ᠬᠥᠬᠡ
ᠤᠨᠲᠠᠷᠠᠬᠤ ᠭᠠᠯ ᠤ᠋ᠨ ᠳᠥᠯᠥ ᠨᠢᠭᠡ ᠬᠥᠬᠡ
ᠤᠷᠤᠰᠬᠤ ᠭᠣᠣᠯ ᠤ᠋ᠨ ᠤᠰᠤ ᠨᠢᠭᠡ ᠬᠥᠬᠡ
ᠶᠢᠷᠲᠢᠨᠴᠦ ᠶ᠋ᠢᠨ ᠭᠤᠷᠪᠠᠨ ᠴᠡᠩᠬᠡᠷ
ᠬᠣᠯᠠ ᠡᠴᠡ ᠬᠠᠷᠠᠭᠳᠠᠵᠤ ᠪᠠᠢᠭ᠎ᠠ ᠠᠭᠤᠯᠠ ᠨᠢᠭᠡ ᠴᠡᠩᠬᠡᠷ
ᠬᠣᠩᠬᠣᠷ ᠲᠤ᠌ ᠲᠣᠭᠲᠠᠭᠰᠠᠨ ᠤᠰᠤ ᠨᠢᠭᠡ ᠴᠡᠩᠬᠡᠷ
ᠬᠣᠷᠸ᠎ᠠ ᠳ᠋ᠤ᠌ ᠪᠠᠢᠭ᠎ᠠ ᠲᠩᠷᠢ ᠨᠢᠭᠡ ᠴᠡᠩᠬᠡᠷ
ᠶᠢᠷᠲᠢᠨᠴᠦ ᠶ᠋ᠢᠨ ᠭᠤᠷᠪᠠᠨ ᠬᠠᠷ᠎ᠠ
ᠲᠣᠰᠣ ᠲᠠᠢ ᠡᠴᠡ ᠲᠣᠭᠣᠭ᠎ᠠ ᠬᠠᠷ᠎ᠠ
ᠪᠢᠯᠢᠭ ᠲᠡᠢ ᠡᠴᠡ ᠪᠡᠬᠡ ᠬᠠᠷ᠎ᠠ
ᠠᠮᠲᠠᠲᠠᠢ ᠡᠴᠡ ᠠᠷᠢᠬᠢ ᠬᠠᠷ᠎ᠠ
ᠶᠢᠷᠲᠢᠨᠴᠦ ᠶ᠋ᠢᠨ ᠭᠤᠷᠪᠠᠨ ᠪᠥᠬᠡ
ᠠ/ᠬᠦᠷᠭᠡᠨ ᠬᠦᠦ ᠶ᠋ᠢᠨ ᠬᠥᠵᠦᠭᠦᠦ ᠪᠥᠬᠡ
ᠬᠦᠷᠡᠯ ᠴᠢᠯᠠᠭᠤᠨ ᠤ᠋ ᠠᠮᠢ ᠪᠥᠬᠡ
ᠬᠥᠮᠦᠨ ᠦ᠌ ᠮᠠᠯ ᠤ᠋ᠨ ᠨᠢᠷᠤᠭᠤ ᠪᠥᠬᠡ
ᠪ/ᠨᠣᠢᠲᠠᠨ ᠳ᠋ᠤ᠌ ᠴᠠᠪᠠᠤ ᠪᠥᠬᠡ
ᠮᠢᠬᠠᠨ ᠳ᠋ᠤ᠌ ᠡᠯᠢᠭᠡ ᠪᠥᠬᠡ
ᠠᠮᠢᠲᠠᠨ ᠳ᠋ᠤ᠌ ᠵᠠᠭᠠᠨ ᠪᠥᠬᠡ
ᠶᠢᠷᠲᠢᠨᠴᠦ ᠶ᠋ᠢᠨ ᠭᠤᠷᠪᠠᠨ ᠬᠠᠷᠠᠩᠭᠤᠢ
ᠨᠣᠮ ᠦᠭᠡᠢ ᠪᠠᠨᠳᠢ ᠶ᠋ᠢᠨ ᠴᠡᠭᠡᠵᠢ ᠬᠠᠷᠠᠩᠭᠤᠢ
ᠬᠣᠨᠢ ᠦᠭᠡᠢ ᠠᠢᠯ ᠤ᠋ᠨ ᠬᠣᠲᠠ ᠬᠠᠷᠠᠩᠭᠤᠢ
ᠬᠣᠢᠰᠢ ᠪᠠᠨ ᠬᠠᠷᠠᠭᠰᠠᠨ ᠨᠦᠬᠡ ᠬᠠᠷᠠᠩᠭᠤᠢ
ᠶᠢᠷᠲᠢᠨᠴᠦ ᠶ᠋ᠢᠨ ᠭᠤᠷᠪᠠᠨ ᠴᠡᠮᠴᠡᠭᠡᠷ
ᠡᠭᠦᠯᠡ ᠪᠡᠨ ᠬᠥᠭᠡᠰᠦᠨ ᠲᠩᠷᠢ ᠨᠢᠭᠡ ᠴᠡᠮᠴᠡᠭᠡᠷ
ᠦᠨᠡᠰᠦ ᠪᠡᠨ ᠭᠠᠷᠭᠠᠭᠰᠠᠨ ᠲᠤᠯᠭ᠎ᠠ ᠨᠢᠭᠡ ᠴᠡᠮᠴᠡᠭᠡᠷ
ᠦᠰᠦ ᠪᠡᠨ ᠰᠠᠮᠨᠠᠭᠰᠠᠨ ᠠᠪᠠᠭᠠᠢ ᠨᠢᠭᠡ ᠴᠡᠮᠴᠡᠭᠡᠷ
ᠶᠢᠷᠲᠢᠨᠴᠦ ᠶ᠋ᠢᠨ ᠭᠤᠷᠪᠠᠨ ᠪᠠᠶᠠᠨ
ᠠ/ᠭᠠᠵᠠᠷ ᠦᠨᠳᠦᠰᠦ ᠪᠡᠷ ᠪᠠᠶᠠᠨ
ᠲᠩᠷᠢ ᠣᠳᠣ ᠪᠠᠷ ᠪᠠᠶᠠᠨ
ᠳᠠᠯᠠᠢ ᠤᠰᠤ ᠪᠠᠷ ᠪᠠᠶᠠᠨ
ᠪ/ᠡᠷᠳᠡᠮᠲᠡᠨ ᠬᠥᠮᠦᠨ ᠡᠷᠬᠢᠮ ᠪᠠᠶᠠᠨ
ᠦᠷ᠎ᠡ ᠲᠡᠢ ᠬᠥᠮᠦᠨ ᠥᠨᠢᠷ ᠪᠠᠶᠠᠨ
ᠥᠷᠢ ᠦᠭᠡᠢ ᠬᠥᠮᠦᠨ ᠥᠭᠡᠳᠡᠯᠡᠬᠦ ᠪᠠᠶᠠᠨ
ᠶᠢᠷᠲᠢᠨᠴᠦ ᠶ᠋ᠢᠨ ᠭᠤᠷᠪᠠᠨ ᠬᠣᠭᠣᠰᠣᠨ
ᠪᠠᠷᠢᠵᠤ ᠲᠠᠯᠪᠢᠵᠤ ᠪᠠᠢᠪᠠᠴᠤ ᠵᠡᠭᠦᠳᠦ ᠨᠢᠭᠡ ᠬᠣᠭᠣᠰᠣᠨ
ᠪᠠᠷᠤᠢᠵᠤ ᠲᠣᠷᠣᠢᠵᠤ ᠪᠠᠢᠪᠠᠴᠤ ᠵᠡᠷᠭᠡᠯᠭᠡ ᠨᠢᠭᠡ ᠬᠣᠭᠣᠰᠣᠨ
ᠪᠠᠷᠬᠢᠷᠠᠵᠤ ᠴᠠᠷᠬᠢᠷᠠᠵᠤ ᠪᠠᠢᠪᠠᠴᠤ ᠴᠤᠤᠷᠢᠶ᠎ᠠ ᠨᠢᠭᠡ ᠬᠣᠭᠣᠰᠣᠨ
ᠶᠢᠷᠲᠢᠨᠴᠦ ᠶ᠋ᠢᠨ ᠭᠤᠷᠪᠠᠨ ᠦᠨᠡᠨ
ᠲᠥᠷᠦᠭᠰᠡᠨ ᠦ᠌ ᠡᠴᠦᠰ ᠲᠦ᠍ ᠦᠬᠦᠬᠦ ᠦᠨᠡᠨ
ᠬᠤᠷᠢᠶᠠᠭᠰᠠᠨ ᠤ᠋ ᠡᠴᠦᠰ ᠲᠦ᠍ ᠳᠠᠭᠤᠰᠬᠤ ᠦᠨᠡᠨ
ᠬᠤᠷᠠᠭᠰᠠᠨ ᠤ᠋ ᠡᠴᠦᠰ ᠲᠦ᠍ ᠲᠠᠷᠠᠬᠤ ᠦᠨᠡᠨ
ᠶᠢᠷᠲᠢᠨᠴᠦ ᠶ᠋ᠢᠨ ᠭᠤᠷᠪᠠᠨ ᠬᠥᠭᠡᠷᠦᠬᠦᠨ
ᠪᠣᠢ ᠨᠢ ᠠᠷᠢᠯᠤᠭᠰᠠᠨ ᠬᠡᠦᠬᠡᠳ ᠨᠢᠭᠡ ᠬᠥᠭᠡᠷᠦᠬᠦᠨ
ᠪᠣᠷᠪᠢ ᠪᠠᠨ ᠨᠡᠭᠡᠭᠡᠭᠰᠡᠨ ᠭᠥᠯᠥᠭᠡ ᠨᠢᠭᠡ ᠬᠥᠭᠡᠷᠦᠬᠦᠨ
ᠪᠣᠰᠴᠤ ᠲᠡᠩᠴᠡᠵᠦ ᠪᠠᠢᠭ᠎ᠠ ᠪᠣᠲᠣᠭᠣ ᠨᠢᠭᠡ ᠬᠥᠭᠡᠷᠦᠬᠦᠨ
ᠶᠢᠷᠲᠢᠨᠴᠦ ᠶ᠋ᠢᠨ ᠭᠤᠷᠪᠠᠨ ᠰᠠᠢᠬᠠᠨ
ᠵᠢᠭᠳᠡᠷᠡᠭᠰᠡᠨ ᠣᠳᠣᠳ ᠤ᠋ᠨ ᠳᠤᠮᠳᠠ ᠰᠠᠷ᠎ᠠ ᠰᠠᠢᠬᠠᠨ
ᠵᠢᠭᠦᠷᠲᠡᠨ ᠰᠢᠪᠠᠭᠤᠳ ᠤ᠋ᠨ ᠳᠤᠮᠳᠠ ᠲᠣᠭᠣᠰ ᠰᠠᠢᠬᠠᠨ
ᠵᠢᠭᠳᠡᠯᠡᠭᠰᠡᠨ ᠮᠣᠳᠣᠳ ᠤ᠋ᠨ ᠳᠤᠮᠳᠠ ᠭᠠᠯᠪᠠᠷᠠᠨᠽᠠ ᠰᠠᠢᠬᠠᠨ
ᠶᠢᠷᠲᠢᠨᠴᠦ ᠶ᠋ᠢᠨ ᠭᠤᠷᠪᠠᠨ ᠮᠠᠭᠤᠬᠠᠢ
ᠬᠤᠷᠠᠭᠠᠨ ᠮᠠᠯᠠᠭᠠᠢ ᠳ᠋ᠤ᠌ ᠴᠢᠬᠢᠪᠴᠢ ᠮᠠᠭᠤᠬᠠᠢ
ᠬᠤᠪᠠᠬᠠᠢ ᠡᠮᠡᠭᠡᠯ ᠳ᠋ᠦ᠍ ᠬᠤᠳᠠᠷᠭ᠎ᠠ ᠮᠠᠭᠤᠬᠠᠢ
ᠬᠤᠯᠤᠰᠤᠨ ᠲᠠᠰᠢᠭᠤᠷ ᠲᠤ᠌ ᠶᠠᠩᠭᠢᠶ᠎ᠠ ᠮᠠᠭᠤᠬᠠᠢ
ᠶᠢᠷᠲᠢᠨᠴᠦ ᠶ᠋ᠢᠨ ᠭᠤᠷᠪᠠᠨ ᠠᠷᠢᠭᠤᠨ
ᠤᠷᠭᠤᠵᠤ ᠪᠠᠢᠭ᠎ᠠ ᠠᠷᠴᠠ ᠨᠢᠭᠡ ᠠᠷᠢᠭᠤᠨ
ᠤᠭᠤᠭᠢᠵᠤ ᠪᠠᠢᠭ᠎ᠠ ᠬᠥᠵᠢ ᠨᠢᠭᠡ ᠠᠷᠢᠭᠤᠨ
ᠤᠷᠤᠰᠴᠤ ᠪᠠᠢᠭ᠎ᠠ ᠤᠰᠤ ᠨᠢᠭᠡ ᠠᠷᠢᠭᠤᠨ
ᠶᠢᠷᠲᠢᠨᠴᠦ ᠶ᠋ᠢᠨ ᠭᠤᠷᠪᠠᠨ ᠪᠠᠬ᠎ᠠ
ᠠᠵᠢᠷᠭ᠎ᠠ ᠤᠨᠤᠭᠰᠠᠨ ᠬᠥᠮᠦᠨ ᠡᠳᠦᠷ ᠦ᠋ᠨ ᠪᠠᠬ᠎ᠠ
ᠡᠮᠡᠭᠡᠯ ᠠᠪᠤᠭᠰᠠᠨ ᠬᠥᠮᠦᠨ ᠰᠠᠷ᠎ᠠ ᠶ᠋ᠢᠨ ᠪᠠᠬ᠎ᠠ
ᠡᠬᠡᠨᠡᠷ ᠠᠪᠤᠭᠰᠠᠨ ᠬᠥᠮᠦᠨ ᠵᠢᠯ ᠦ᠋ᠨ ᠪᠠᠬ᠎ᠠ
ᠶᠢᠷᠲᠢᠨᠴᠦ ᠶ᠋ᠢᠨ ᠳᠥᠷᠪᠡᠨ ᠪᠠᠷᠳᠠᠮ
ᠬᠠᠳᠠ ᠰᠠᠢᠲᠤ ᠶ᠋ᠢᠨ ᠦᠨᠡᠭᠡ ᠪᠠᠷᠳᠠᠮ
ᠬᠠᠳᠠᠮ ᠰᠠᠢᠲᠤ ᠶ᠋ᠢᠨ ᠬᠦᠷᠭᠡᠨ ᠪᠠᠷᠳᠠᠮ
ᠨᠣᠶᠠᠨ ᠰᠠᠢᠲᠤ ᠶ᠋ᠢᠨ ᠠᠯᠪᠠᠲᠤ ᠪᠠᠷᠳᠠᠮ
ᠨᠣᠬᠠᠢ ᠰᠠᠢᠲᠤ ᠶ᠋ᠢᠨ ᠬᠣᠲᠠ ᠪᠠᠷᠳᠠᠮ
ᠶᠢᠷᠲᠢᠨᠴᠦ ᠶ᠋ᠢᠨ ᠭᠤᠷᠪᠠᠨ ᠢᠨᠠᠭ
ᠪᠠᠶᠠᠨ ᠬᠥᠮᠦᠨ ᠬᠤᠳᠠᠯᠳᠤᠭᠠᠴᠢᠨ ᠢᠨᠠᠭ
ᠪᠠᠭᠠᠷᠠᠩ ᠬᠥᠮᠦᠨ ᠨᠣᠬᠠᠢ ᠢᠨᠠᠭ
ᠪᠢᠯᠳᠠᠤᠴᠢ ᠬᠥᠮᠦᠨ ᠨᠣᠶᠠᠨ ᠢᠨᠠᠭ
ᠶᠢᠷᠲᠢᠨᠴᠦ ᠶ᠋ᠢᠨ ᠭᠤᠷᠪᠠᠨ ᠳᠡᠭᠦᠦ
ᠪᠠᠶᠠᠨ ᠬᠥᠮᠦᠨ ᠨᠣᠶᠠᠨ ᠬᠥᠮᠦᠨ ᠦ᠌ ᠳᠡᠭᠦᠦ
ᠬᠤᠳᠠᠯᠴᠢ ᠬᠥᠮᠦᠨ ᠬᠤᠯᠠᠭᠠᠢᠴᠢ ᠬᠥᠮᠦᠨ ᠦ᠌ ᠳᠡᠭᠦᠦ
ᠤᠨᠲᠠᠭᠰᠠᠨ ᠬᠥᠮᠦᠨ ᠦᠬᠦᠭᠰᠡᠨ ᠬᠥᠮᠦᠨ ᠦ᠌ ᠳᠡᠭᠦᠦ
ᠶᠢᠷᠲᠢᠨᠴᠦ ᠶ᠋ᠢᠨ ᠭᠤᠷᠪᠠᠨ ᠬᠤᠷᠳᠤᠨ
ᠰᠠᠯᠬᠢ ᠲᠠᠢ ᠲᠩᠷᠢ ᠶ᠋ᠢᠨ ᠡᠭᠦᠯᠡ ᠬᠤᠷᠳᠤᠨ
ᠰᠠᠷᠠᠭᠤᠯ ᠤᠬᠠᠭᠠᠨᠲᠠᠨ ᠤ᠋ ᠰᠠᠨᠠᠬᠤ ᠬᠤᠷᠳᠤᠨ
ᠰᠠᠢᠨ ᠮᠣᠷᠢᠨ ᠤ᠋ ᠶᠠᠪᠤᠳᠠᠯ ᠬᠤᠷᠳᠤᠨ
ᠶᠢᠷᠲᠢᠨᠴᠦ ᠶ᠋ᠢᠨ ᠭᠤᠷᠪᠠᠨ ᠰᠢᠷᠦᠭᠦᠨ
ᠠ/ᠲᠥᠷᠥ ᠳ᠋ᠦ᠍ ᠡᠯᠴᠢ ᠰᠢᠷᠦᠭᠦᠨ
ᠲᠡᠮᠦᠷ ᠲᠦ᠍ ᠬᠠᠤᠷᠠᠢ ᠰᠢᠷᠦᠭᠦᠨ
ᠲᠥᠬᠥᠮ ᠳ᠋ᠦ᠍ ᠵᠠᠷᠠᠭ᠎ᠠ ᠰᠢᠷᠦᠭᠦᠨ
ᠪ/ᠬᠥᠭᠰᠢᠷᠡᠭᠰᠡᠨ ᠦᠬᠡᠷ ᠦ᠋ᠨ ᠬᠡᠯᠡ ᠨᠢᠭᠡ ᠰᠢᠷᠦᠭᠦᠨ
ᠬᠠᠳᠠᠨ ᠡᠴᠡ ᠭᠠᠷᠤᠭᠰᠠᠨ ᠬᠠᠢᠷᠭᠤ ᠨᠢᠭᠡ ᠰᠢᠷᠦᠭᠦᠨ
ᠬᠠᠭᠠᠨ ᠤ᠋ ᠲᠣᠭᠲᠠᠭᠠᠭᠰᠠᠨ ᠬᠠᠤᠯᠢ ᠨᠢᠭᠡ ᠰᠢᠷᠦᠭᠦᠨ
ᠶᠢᠷᠲᠢᠨᠴᠦ ᠶ᠋ᠢᠨ ᠭᠤᠷᠪᠠᠨ ᠳᠣᠭᠰᠢᠨ
ᠡᠷᠭᠢ ᠪᠡᠨ ᠬᠠᠯᠢᠭᠰᠠᠨ ᠤᠰᠤ ᠳᠣᠭᠰᠢᠨ
ᠡᠮᠡᠭᠡᠯ ᠢ᠋ᠶ᠋ᠡᠨ ᠬᠥᠭᠯᠡᠭᠦᠯᠦᠭᠰᠡᠨ ᠮᠣᠷᠢ ᠳᠣᠭᠰᠢᠨ
ᠡᠷ᠎ᠡ ᠪᠡᠨ ᠭᠣᠯᠣᠭᠰᠠᠨ ᠡᠮ᠎ᠡ ᠳᠣᠭᠰᠢᠨ
ᠶᠢᠷᠲᠢᠨᠴᠦ ᠶ᠋ᠢᠨ ᠭᠤᠷᠪᠠᠨ ᠰᠢᠪᠰᠢᠭ
ᠮᠠᠭᠤ ᠡᠮᠡᠭᠡᠯ ᠮᠣᠷᠢᠨ ᠤ᠋ ᠰᠢᠪᠰᠢᠭ
ᠮᠠᠭᠤ ᠡᠮ᠎ᠡ ᠭᠡᠷ ᠦ᠋ᠨ ᠰᠢᠪᠰᠢᠭ
ᠮᠠᠭᠤ ᠨᠣᠬᠠᠢ ᠬᠣᠲᠠ ᠶ᠋ᠢᠨ ᠰᠢᠪᠰᠢᠭ
ᠶᠢᠷᠲᠢᠨᠴᠦ ᠶ᠋ᠢᠨ ᠭᠤᠷᠪᠠᠨ ᠭᠡᠮᠰᠢᠯ
ᠨᠤᠮᠤ ᠦᠭᠡᠢ ᠶᠠᠪᠤᠪᠠᠯ ᠠᠪᠠ ᠳᠡᠭᠡᠷ᠎ᠡ ᠭᠡᠮᠰᠢᠯ
ᠨᠣᠮ ᠦᠭᠡᠢ ᠯᠠᠮᠠ ᠬᠤᠷᠠᠯ ᠳᠡᠭᠡᠷ᠎ᠡ ᠭᠡᠮᠰᠢᠯ
ᠦᠢᠯᠡ ᠦᠭᠡᠢ ᠬᠡᠦᠬᠡᠨ ᠥᠭᠭᠦᠭᠰᠡᠨ ᠭᠠᠵᠠᠷ ᠲᠤ᠌ ᠭᠡᠮᠰᠢᠯ
ᠶᠢᠷᠲᠢᠨᠴᠦ ᠶ᠋ᠢᠨ ᠭᠤᠷᠪᠠᠨ ᠪᠡᠷᠬᠡ
ᠴᠢᠯᠠᠭᠤᠨ ᠳᠡᠭᠡᠷ᠎ᠡ ᠨᠣᠭᠣᠭ᠎ᠠ ᠤᠷᠭᠤᠭᠤᠯᠬᠤ ᠨᠢᠭᠡ ᠪᠡᠷᠬᠡ
ᠤᠰᠤᠨ ᠳᠡᠭᠡᠷ᠎ᠡ ᠭᠠᠯ ᠲᠦᠯᠡᠬᠦ ᠨᠢᠭᠡ ᠪᠡᠷᠬᠡ
ᠦᠬᠡᠷ ᠦ᠋ᠨ ᠡᠪᠡᠷ ᠳᠡᠭᠡᠷ᠎ᠡ ᠴᠠᠰᠤ ᠲᠣᠭᠲᠠᠬᠤ ᠨᠢᠭᠡ ᠪᠡᠷᠬᠡ
ᠶᠢᠷᠲᠢᠨᠴᠦ ᠶ᠋ᠢᠨ ᠭᠤᠷᠪᠠᠨ ᠵᠢᠭᠲᠡᠢᠬᠡᠨ
ᠯᠤᠤ ᠶ᠋ᠢᠨ ᠠᠭᠤᠰᠬᠢ ᠰᠢᠯᠢᠨ ᠳ᠋ᠦ᠍ ᠪᠡᠨ ᠪᠠᠢᠳᠠᠭ ᠨᠢᠭᠡ ᠵᠢᠭᠲᠡᠢᠬᠡᠨ
ᠠᠷᠰᠯᠠᠨ ᠤ᠋ ᠳᠠᠯᠠᠩ ᠲᠠᠪᠠᠭ ᠲᠤ᠌ ᠪᠠᠨ ᠪᠠᠢᠳᠠᠭ ᠨᠢᠭᠡ ᠵᠢᠭᠲᠡᠢᠬᠡᠨ
ᠵᠠᠭᠠᠨ ᠤ᠋ ᠠᠮᠠ ᠬᠡᠩᠬᠦᠳᠡᠭ ᠲᠦ᠍ ᠪᠡᠨ ᠪᠠᠢᠳᠠᠭ ᠨᠢᠭᠡ ᠵᠢᠭᠲᠡᠢᠬᠡᠨ
ᠶᠢᠷᠲᠢᠨᠴᠦ ᠶ᠋ᠢᠨ ᠭᠤᠷᠪᠠᠨ ᠣᠯᠠᠳᠬᠤ ᠦᠭᠡᠢ
ᠬᠠᠳᠠᠨ ᠡᠴᠡ ᠬᠠᠯᠲᠤᠷᠢᠵᠤ ᠤᠨᠠᠭᠰᠠᠨ ᠱᠠᠭᠠᠵᠠᠭᠠᠢ ᠶ᠋ᠢᠨ ᠮᠢᠬ᠎ᠠ ᠣᠯᠠᠳᠬᠤ ᠦᠭᠡᠢ
ᠮᠣᠳᠣᠨ ᠡᠴᠡ ᠬᠠᠯᠢᠵᠤ ᠤᠨᠠᠭᠰᠠᠨ ᠮᠣᠷᠢᠨ ᠰᠢᠷᠭᠤᠯᠵᠢᠨ ᠤ᠋ ᠮᠢᠬ᠎ᠠ ᠣᠯᠠᠳᠬᠤ ᠦᠭᠡᠢ
ᠤᠰᠤᠨ ᠡᠴᠡ ᠴᠠᠴᠤᠵᠤ ᠦᠬᠦᠭᠰᠡᠨ ᠵᠢᠭᠠᠰᠤᠨ ᠤ᠋ ᠮᠢᠬ᠎ᠠ ᠣᠯᠠᠳᠬᠤ ᠦᠭᠡᠢ
ᠶᠢᠷᠲᠢᠨᠴᠦ ᠶ᠋ᠢᠨ ᠭᠤᠷᠪᠠᠨ ᠬᠡᠴᠡᠭᠦᠦ
ᠦᠶᠡᠷᠯᠡᠨ ᠱᠤᠤᠭᠢᠬᠤ ᠨᠢ ᠤᠰᠤ ᠬᠡᠴᠡᠭᠦᠦ
ᠳᠦᠷᠡᠯᠵᠡᠨ ᠠᠰᠠᠬᠤ ᠨᠢ ᠲᠦᠢᠮᠡᠷ ᠬᠡᠴᠡᠭᠦᠦ
ᠡᠷᠴᠢᠯᠡᠨ ᠬᠡᠢᠰᠬᠦ ᠨᠢ ᠰᠠᠯᠬᠢ ᠬᠡᠴᠡᠭᠦᠦ
ᠲᠠᠭᠤᠬᠤ ᠳ᠋ᠤ᠌ ᠭᠠᠬᠠᠢ ᠨᠢᠭᠡ ᠬᠡᠴᠡᠭᠦᠦ
ᠲᠤᠭᠤᠯᠬᠤ ᠳ᠋ᠤ᠌ ᠲᠠᠯ᠎ᠠ ᠨᠢᠭᠡ ᠬᠡᠴᠡᠭᠦᠦ
ᠲᠣᠭᠠᠯᠠᠬᠤ ᠳ᠋ᠤ᠌ ᠣᠳᠣ ᠨᠢᠭᠡ ᠬᠡᠴᠡᠭᠦᠦ
ᠶᠢᠷᠲᠢᠨᠴᠦ ᠶ᠋ᠢᠨ ᠭᠤᠷᠪᠠᠨ ᠬᠠᠴᠢᠨ
ᠠᠯᠠᠭᠠᠨ ᠳ᠋ᠤ᠌ ᠪᠠᠨ ᠬᠥᠬᠥ ᠲᠡᠢ ᠵᠠᠭᠠᠨ ᠨᠢᠭᠡ ᠬᠠᠴᠢᠨ
ᠠᠮᠠ ᠪᠠᠨ ᠪᠠᠢᠲᠠᠯ᠎ᠠ ᠰᠢᠯᠢ ᠪᠡᠷ ᠢ᠋ᠶ᠋ᠡᠨ ᠳᠤᠤᠭᠠᠷᠳᠠᠭ ᠭᠣᠯᠢᠶ᠎ᠠ ᠨᠢᠭᠡ ᠬᠠᠴᠢᠨ
ᠠᠮᠠᠷᠠᠭ ᠤ᠋ᠨ ᠳᠡᠭᠡᠳᠦ ᠠᠪᠤ᠂ ᠡᠵᠢ ᠬᠣᠶᠠᠷ ᠵᠣᠯᠭᠠᠳᠠᠭ ᠦᠭᠡᠢ ᠨᠢᠭᠡ ᠬᠠᠴᠢᠨ
ᠶᠢᠷᠲᠢᠨᠴᠦ ᠶ᠋ᠢᠨ ᠭᠤᠷᠪᠠᠨ ᠬᠡᠪᠡᠷᠡᠭ
ᠡᠭᠡᠨᠡᠭᠲᠡ ᠪᠠᠲᠤ ᠦᠭᠡᠢ ᠶ᠋ᠢᠨ ᠲᠤᠯᠠ ᠡᠨᠡ ᠨᠠᠰᠤ ᠬᠡᠪᠡᠷᠡᠭ
ᠡᠭᠦᠷᠢᠳᠡ ᠬᠠᠨᠢᠯᠠᠬᠤ ᠦᠭᠡᠢ ᠶ᠋ᠢᠨ ᠲᠤᠯᠠ ᠠᠮᠠᠷᠠᠭ ᠰᠠᠳᠤᠨ ᠬᠡᠪᠡᠷᠡᠭ
ᠡᠴᠦᠰ ᠲᠡᠬᠡᠨ ᠪᠠᠷᠠᠭᠳᠠᠬᠤ ᠶ᠋ᠢᠨ ᠲᠤᠯᠠ ᠡᠳ᠋ ᠬᠥᠷᠥᠩᠭᠡ ᠬᠡᠪᠡᠷᠡᠭ
ᠶᠢᠷᠲᠢᠨᠴᠦ ᠶ᠋ᠢᠨ ᠭᠤᠷᠪᠠᠨ ᠲᠤᠰᠠ
ᠥᠰᠬᠦ ᠳ᠋ᠦ᠍ ᠥᠷᠥᠪᠳᠦᠬᠦ ᠶ᠋ᠢᠨ ᠲᠤᠰᠠ
ᠦᠲᠡᠯᠬᠦ ᠳ᠋ᠦ᠍ ᠡᠷᠭᠦᠬᠦ ᠶ᠋ᠢᠨ ᠲᠤᠰᠠ
ᠦᠬᠦᠬᠦ ᠳ᠋ᠦ᠍ ᠶᠠᠰᠤ ᠪᠠᠷᠢᠬᠤ ᠶ᠋ᠢᠨ ᠲᠤᠰᠠ
ᠶᠢᠷᠲᠢᠨᠴᠦ ᠶ᠋ᠢᠨ ᠭᠤᠷᠪᠠᠨ ᠳᠤᠲᠠᠭᠤ
ᠲᠩᠷᠢ ᠪᠠᠭᠠᠨ᠎ᠠ ᠦᠭᠡᠢ ᠨᠢᠭᠡ ᠳᠤᠲᠠᠭᠤ
ᠠᠭᠤᠯᠠ ᠪᠦᠰᠡᠯᠡᠭᠦᠷ ᠦᠭᠡᠢ ᠨᠢᠭᠡ ᠳᠤᠲᠠᠭᠤ
ᠳᠠᠯᠠᠢ ᠪᠦᠯᠢᠭᠦᠷ ᠦᠭᠡᠢ ᠨᠢᠭᠡ ᠳᠤᠲᠠᠭᠤ
ᠶᠢᠷᠲᠢᠨᠴᠦ ᠶ᠋ᠢᠨ ᠭᠤᠷᠪᠠᠨ ᠲᠡᠨᠡᠭ
ᠡᠷᠬᠢᠮ ᠲᠡᠨᠡᠭ ᠮᠣᠷᠢ ᠪᠠᠨ ᠮᠠᠭᠲᠠᠨ᠎ᠠ
ᠳᠤᠮᠳᠠ ᠲᠡᠨᠡᠭ ᠡᠬᠡᠨᠡᠷ ᠢ᠋ᠶ᠋ᠡᠨ ᠮᠠᠭᠲᠠᠨ᠎ᠠ
ᠠᠳᠠᠭ ᠤ᠋ᠨ ᠲᠡᠨᠡᠭ ᠪᠡᠶ᠎ᠡ ᠪᠡᠨ ᠮᠠᠭᠲᠠᠨ᠎ᠠ
ᠶᠢᠷᠲᠢᠨᠴᠦ ᠶ᠋ᠢᠨ ᠭᠤᠷᠪᠠᠨ ᠬᠣᠯᠠ
ᠦᠬᠡᠷ ᠲᠡᠢ ᠬᠥᠮᠦᠨ ᠭᠠᠵᠠᠷ ᠬᠣᠯᠠ
ᠦᠬᠦᠭᠰᠡᠨ ᠬᠥᠮᠦᠨ ᠳᠡᠷᠡ ᠬᠣᠯᠠ
ᠦᠭᠡᠢᠷᠡᠭᠰᠡᠨ ᠬᠥᠮᠦᠨ ᠶᠠᠭᠤᠮ᠎ᠠ ᠬᠣᠯᠠ
ᠶᠢᠷᠲᠢᠨᠴᠦ ᠶ᠋ᠢᠨ ᠭᠤᠷᠪᠠᠨ ᠳᠠᠪᠬᠤᠷᠭ᠎ᠠ ᠲᠠᠢ
ᠥᠨᠳᠥᠷ ᠲᠩᠷᠢ ᠡᠭᠦᠯᠡᠨ ᠳᠠᠪᠬᠤᠷᠭ᠎ᠠ ᠲᠠᠢ
ᠡᠪᠡᠰᠦᠨ ᠳᠡᠯᠡᠬᠡᠢ ᠴᠠᠰᠤᠨ ᠳᠠᠪᠬᠤᠷᠭ᠎ᠠ ᠲᠠᠢ
ᠥᠷᠭᠡᠨ ᠳᠠᠯᠠᠢ ᠮᠥᠰᠥᠨ ᠳᠠᠪᠬᠤᠷᠭ᠎ᠠ ᠲᠠᠢ
ᠶᠢᠷᠲᠢᠨᠴᠦ ᠶ᠋ᠢᠨ ᠭᠤᠷᠪᠠᠨ ᠪᠣᠯᠳᠠᠭ ᠦᠭᠡᠢ
ᠰᠢᠷ᠎ᠠ ᠲᠣᠰᠣ ᠶ᠋ᠢ ᠰᠢᠷᠠᠵᠤ ᠪᠣᠯᠳᠠᠭ ᠦᠭᠡᠢ
ᠬᠠᠷ᠎ᠠ ᠤᠰᠤ ᠶ᠋ᠢ ᠥᠷᠥᠮᠡᠲᠦᠭᠦᠯᠵᠦ ᠪᠣᠯᠳᠠᠭ ᠦᠭᠡᠢ
ᠬᠠᠢᠷ ᠡᠯᠡᠰᠦ ᠶ᠋ᠢ ᠨᠦᠬᠡᠯᠡᠵᠦ ᠪᠣᠯᠳᠠᠭ ᠦᠭᠡᠢ
ᠶᠢᠷᠲᠢᠨᠴᠦ ᠶ᠋ᠢᠨ ᠭᠤᠷᠪᠠᠨ ᠭᠤᠲᠤᠮᠰᠢᠭ
ᠦᠬᠡᠷ ᠦᠭᠡᠢ ᠬᠥᠮᠦᠨ ᠨᠠᠮᠤᠷ ᠤ᠋ᠨ ᠴᠠᠭ ᠭᠤᠲᠤᠮᠰᠢᠭ
ᠦᠷ᠎ᠡ ᠦᠭᠡᠢ ᠬᠥᠮᠦᠨ ᠦᠬᠦᠬᠦ ᠶ᠋ᠢᠨ ᠴᠠᠭ ᠭᠤᠲᠤᠮᠰᠢᠭ
ᠡᠷᠳᠡᠮ ᠦᠭᠡᠢ ᠬᠥᠮᠦᠨ ᠨᠣᠮ ᠤ᠋ᠨ ᠭᠠᠵᠠᠷ ᠭᠤᠲᠤᠮᠰᠢᠭ
ᠶᠢᠷᠲᠢᠨᠴᠦ ᠶ᠋ᠢᠨ ᠭᠤᠷᠪᠠᠨ ᠭᠠᠳᠠᠨ᠎ᠠ
ᠬᠠᠷᠢ ᠳ᠋ᠤ᠌ ᠣᠴᠢᠳᠠᠭ ᠢ᠋ᠶ᠋ᠠᠷ ᠬᠡᠦᠬᠡᠨ ᠭᠠᠳᠠᠨ᠎ᠠ
ᠬᠠᠯᠠ ᠦᠵᠡᠳᠡᠭ ᠢ᠋ᠶ᠋ᠡᠷ ᠭᠠᠷ ᠭᠠᠳᠠᠨ᠎ᠠ
ᠬᠠᠷ᠎ᠠ ᠨᠢᠳᠦᠨ ᠡᠴᠡ ᠬᠥᠮᠥᠰᠬᠡ ᠭᠠᠳᠠᠨ᠎ᠠ
ᠶᠢᠷᠲᠢᠨᠴᠦ ᠶ᠋ᠢᠨ ᠭᠤᠷᠪᠠᠨ ᠬᠡᠯᠲᠡᠭᠡᠢ
ᠡᠷᠬᠡᠲᠡᠨ ᠡᠴᠡ ᠴᠢᠬᠢ ᠬᠡᠯᠲᠡᠭᠡᠢ
ᠡᠳ᠋ᠯᠡᠯ ᠡᠴᠡ ᠳᠣᠩᠪᠣ ᠬᠡᠯᠲᠡᠭᠡᠢ
ᠡᠷᠳᠡᠨᠢ ᠡᠴᠡ ᠳᠤᠩ ᠬᠡᠯᠲᠡᠭᠡᠢ
ᠶᠢᠷᠲᠢᠨᠴᠦ ᠶ᠋ᠢᠨ ᠭᠤᠷᠪᠠᠨ ᠬᠥᠩᠭᠡᠨ
ᠤᠷᠤᠰᠬᠤ ᠳ᠋ᠤ᠌ ᠪᠠᠨ ᠤᠰᠤ ᠬᠥᠩᠭᠡᠨ
ᠬᠡᠢᠰᠬᠦ ᠳ᠋ᠦ᠍ ᠪᠡᠨ ᠥᠳᠥ ᠬᠥᠩᠭᠡᠨ
ᠡᠷᠭᠦᠬᠦ ᠳ᠋ᠦ᠍ ᠡᠪᠡᠰᠦ ᠬᠥᠩᠭᠡᠨ
ᠶᠢᠷᠲᠢᠨᠴᠦ ᠶ᠋ᠢᠨ ᠭᠤᠷᠪᠠᠨ ᠣᠯᠠᠨ
ᠥᠷᠢ ᠲᠡᠢ ᠬᠥᠮᠦᠨ ᠦ᠌ ᠮᠠᠷᠭᠠᠰᠢ ᠣᠯᠠᠨ
ᠡᠳᠦᠷ ᠦ᠋ᠨ ᠬᠣᠭᠣᠯᠠᠨ ᠤ᠋ ᠥᠮᠴᠢ ᠣᠯᠠᠨ
ᠥᠨᠥᠴᠢᠨ ᠬᠥᠮᠦᠨ ᠦ᠌ ᠨᠣᠶᠠᠨ ᠣᠯᠠᠨ
ᠶᠢᠷᠲᠢᠨᠴᠦ ᠶ᠋ᠢᠨ ᠭᠤᠷᠪᠠᠨ ᠠᠮᠠᠷᠠᠳᠠᠭ ᠦᠭᠡᠢ
ᠬᠣᠪᠴᠢ ᠬᠥᠮᠦᠨ ᠦ᠌ ᠬᠣᠰᠢᠭᠤ ᠠᠮᠠᠷᠠᠳᠠᠭ ᠦᠭᠡᠢ
ᠬᠣᠷᠭᠣᠯ ᠲᠦᠯᠡᠭᠰᠡᠨ ᠬᠥᠮᠦᠨ ᠦ᠌ ᠬᠤᠷᠤᠭᠤ ᠠᠮᠠᠷᠠᠳᠠᠭ ᠦᠭᠡᠢ
ᠬᠣᠨᠢ ᠬᠠᠷᠢᠭᠤᠯᠳᠠᠭ ᠬᠥᠮᠦᠨ ᠦ᠌ ᠰᠡᠳᠬᠢᠯ ᠠᠮᠠᠷᠠᠳᠠᠭ ᠦᠭᠡᠢ
ᠶᠢᠷᠲᠢᠨᠴᠦ ᠶ᠋ᠢᠨ ᠭᠤᠷᠪᠠᠨ ᠪᠠᠢᠳᠠᠭ ᠦᠭᠡᠢ
ᠬᠥᠮᠦᠨ ᠵᠠᠯᠠᠭᠤ ᠪᠠᠷ ᠢ᠋ᠶ᠋ᠠᠨ ᠪᠠᠢᠳᠠᠭ ᠦᠭᠡᠢ
ᠬᠦᠯᠢᠶᠡᠰᠦ ᠴᠢᠩᠭ᠎ᠠ ᠪᠠᠷ ᠢ᠋ᠶ᠋ᠠᠨ ᠪᠠᠢᠳᠠᠭ ᠦᠭᠡᠢ
ᠬᠥᠪᠳᠥ ᠨᠣᠭᠣᠭᠠᠨ ᠢ᠋ᠶ᠋ᠠᠷ ᠢ᠋ᠶ᠋ᠠᠨ ᠪᠠᠢᠳᠠᠭ ᠦᠭᠡᠢ
ᠶᠢᠷᠲᠢᠨᠴᠦ ᠶ᠋ᠢᠨ ᠭᠤᠷᠪᠠᠨ ᠬᠦᠢᠲᠡᠨ
ᠡᠵᠡᠨ ᠮᠠᠭᠤᠲᠤ ᠶ᠋ᠢᠨ ᠬᠣᠷᠢᠶ᠎ᠠ ᠬᠦᠢᠲᠡᠨ
ᠡᠵᠢ ᠮᠠᠭᠤᠲᠤ ᠶ᠋ᠢᠨ ᠬᠣᠭᠣᠯᠠ ᠬᠦᠢᠲᠡᠨ
ᠡᠪ ᠮᠠᠭᠤᠲᠤ ᠶ᠋ᠢᠨ ᠰᠠᠨᠠᠭ᠎ᠠ ᠬᠦᠢᠲᠡᠨ
ᠶᠢᠷᠲᠢᠨᠴᠦ ᠶ᠋ᠢᠨ ᠭᠤᠷᠪᠠᠨ ᠲᠠᠲᠠᠤ
ᠳᠡᠭᠡᠪᠦᠷ ᠬᠣᠭᠣᠯᠠᠢ ᠪᠠᠷ ᠢ᠋ᠶ᠋ᠠᠨ ᠲᠠᠲᠠᠤ
ᠳᠡᠪᠡᠯ ᠵᠠᠬ᠎ᠠ ᠪᠠᠷ ᠢ᠋ᠶ᠋ᠠᠨ ᠲᠠᠲᠠᠤ
ᠠᠭᠤᠯᠠ ᠣᠷᠣᠢ ᠪᠠᠷ ᠢ᠋ᠶ᠋ᠠᠨ ᠲᠠᠲᠠᠤ
ᠶᠢᠷᠲᠢᠨᠴᠦ ᠶ᠋ᠢᠨ ᠭᠤᠷᠪᠠᠨ ᠡᠬᠡ
ᠢᠳᠡᠭᠡᠨ ᠦ᠌ ᠡᠬᠢ ᠴᠠᠢ
ᠡᠳ᠋ ᠦ᠋ᠨ ᠡᠬᠢ ᠬᠠᠳᠠᠭ
ᠠᠮᠢᠲᠠᠨ ᠤ᠋ ᠡᠬᠢ ᠵᠢᠭᠠᠰᠤ
ᠶᠢᠷᠲᠢᠨᠴᠦ ᠶ᠋ᠢᠨ ᠭᠤᠷᠪᠠᠨ ᠬᠦᠰᠡᠯᠡᠩ
ᠬᠣᠵᠢᠭᠢᠷ ᠲᠣᠯᠣᠭᠠᠢ ᠳ᠋ᠤ᠌ ᠦᠰᠦ ᠬᠦᠰᠡᠯᠡᠩ
ᠬᠤᠪᠠᠬᠠᠢ ᠮᠣᠳᠣᠨ ᠳ᠋ᠤ᠌ ᠮᠥᠴᠢᠷ ᠬᠦᠰᠡᠯᠡᠩ
ᠬᠠᠭᠤᠷᠠᠢ ᠴᠠᠢᠨ ᠳ᠋ᠤ᠌ ᠤᠰᠤ ᠬᠦᠰᠡᠯᠡᠩ
ᠶᠢᠷᠲᠢᠨᠴᠦ ᠶ᠋ᠢᠨ ᠳᠥᠷᠪᠡᠨ ᠰᠢᠯᠲᠠᠭᠠᠨ
ᠡᠪᠡᠳᠴᠢᠨ ᠪᠠᠭ᠎ᠠ ᠴᠤ᠌ ᠦᠬᠦᠯ ᠦ᠋ᠨ ᠰᠢᠯᠲᠠᠭᠠᠨ
ᠪᠤᠳᠤᠭ ᠪᠠᠭ᠎ᠠ ᠴᠤ᠌ ᠥᠩᠭᠡᠯᠡᠬᠦ ᠶ᠋ᠢᠨ ᠰᠢᠯᠲᠠᠭᠠᠨ
ᠪᠤᠶᠠᠨ ᠪᠠᠭ᠎ᠠ ᠴᠤ᠌ ᠲᠤᠰᠯᠠᠬᠤ ᠶ᠋ᠢᠨ ᠰᠢᠯᠲᠠᠭᠠᠨ
ᠭᠠᠯ ᠪᠠᠭ᠎ᠠ ᠴᠤ᠌ ᠲᠦᠯᠡᠬᠦ ᠶ᠋ᠢᠨ ᠰᠢᠯᠲᠠᠭᠠᠨ
ᠶᠢᠷᠲᠢᠨᠴᠦ ᠶ᠋ᠢᠨ ᠳᠥᠷᠪᠡᠨ ᠵᠠᠩ
ᠠᠭᠤᠯᠠ ᠪᠠᠷ ᠶᠠᠪᠤᠳᠠᠭ ᠤᠭᠠᠯᠵᠠ ᠶ᠋ᠢᠨ ᠵᠠᠩ
ᠠᠭᠤᠯᠵᠠᠭᠠᠳ ᠶᠠᠪᠤᠳᠠᠭ ᠬᠥᠮᠦᠨ ᠦ᠌ ᠵᠠᠩ
ᠦᠦᠷ ᠢ᠋ᠶ᠋ᠡᠷ ᠶᠠᠪᠤᠳᠠᠭ ᠦᠬᠡᠷ ᠦ᠋ᠨ ᠵᠠᠩ
ᠦᠶᠡᠷᠬᠡᠵᠦ ᠶᠠᠪᠤᠳᠠᠭ ᠪᠠᠭ᠎ᠠ ᠶ᠋ᠢᠨ ᠵᠠᠩ
ᠡᠬᠢ ᠰᠤᠷᠪᠤᠯᠵᠢ
https://kidstoy.mn/yrtsontsiin-gurav/
