ᠵᠣᠷᠢᠭᠲᠤ ᠨᠣᠬᠠᠢ-ᠬᠡᠦᠬᠡᠯᠳᠡᠢ ᠶ᠋ᠢᠨ ᠺᠢᠨᠣ᠋Зоригт нохой-Хүүхэлдэйн Кино ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠣᠷᠢᠭᠲᠤ ᠨᠣᠬᠠᠢ-ᠬᠡᠦᠬᠡᠯᠳᠡᠢ ᠶ᠋ᠢᠨ ᠺᠢᠨᠣ᠋Зоригт нохой-Хүүхэлдэйн Кино

ᠵᠣᠷᠢᠭᠲᠤ ᠨᠣᠬᠠᠢ-ᠬᠡᠦᠬᠡᠯᠳᠡᠢ ᠶ᠋ᠢᠨ ᠺᠢᠨᠣ᠋Зоригт нохой-Хүүхэлдэйн Кино

2022-09-25

991

ᠵᠣᠷᠢᠭᠲᠤ ᠨᠣᠬᠠᠢ


    ᠡᠷᠲᠡ ᠤᠷᠢᠳᠤ ᠶ᠋ᠢᠨ ᠨᠢᠭᠡᠨ ᠴᠠᠭ ᠲᠤ᠌᠂ ᠵᠤᠵᠠᠭᠠᠨ ᠨᠣᠣᠰᠣᠨ ᠨᠥᠮᠥᠷᠭᠡ ᠲᠡᠢ ᠵᠢᠷᠭᠤᠭᠠᠨ ᠵᠠᠭᠤ ᠭᠠᠷᠤᠢ ᠬᠣᠨᠢ ᠲᠠᠢ ᠴᠡᠪᠡᠷ ᠠᠭᠠᠷ ᠲᠤ᠌ ᠠᠮᠤᠷ ᠲᠠᠢᠪᠤᠩ ᠴᠡᠩᠭᠡᠯ ᠵᠢᠷᠭᠠᠯ ᠢ᠋ᠶ᠋ᠠᠷ ᠳᠦᠭᠦᠷᠡᠩ ᠰᠠᠢᠬᠠᠨ ᠠᠵᠤ ᠲᠥᠷᠥᠨ ᠠᠮᠢᠳᠤᠷᠠᠨ ᠰᠠᠭᠤᠳᠠᠭ ᠠᠷᠠᠳ ᠲᠦᠮᠡᠨ ᠪᠠᠢᠵᠠᠢ ᠭᠡᠨ᠎ᠡ᠃
ᠬᠠᠪ ᠬᠠᠪ ᠭᠡᠵᠦ ᠬᠤᠴᠠᠬᠤ ᠳ᠋ᠤ᠌ ᠬᠠᠪᠢ ᠶ᠋ᠢᠨ ᠠᠮᠢᠲᠠᠳ ᠦᠷᠭᠦᠳᠡᠭ ᠬᠣᠪ ᠬᠣᠪ ᠭᠡᠵᠦ ᠬᠤᠴᠠᠬᠤ ᠳ᠋ᠤ᠌ ᠬᠠᠮᠤᠭ ᠣᠯᠠᠨ ᠢ᠋ᠶ᠋ᠠᠷ ᠢ᠋ᠶ᠋ᠠᠨ ᠰᠣᠴᠢᠳᠠᠭ ᠡᠯᠳᠡᠪ ᠮᠠᠭᠤ ᠶ᠋ᠢ ᠬᠥᠭᠡᠭᠡᠨ ᠵᠠᠢᠯᠠᠭᠤᠯᠳᠠᠭ ᠡᠷ᠎ᠡ ᠡᠮ᠎ᠡ ᠬᠣᠶᠠᠷ ᠪᠠᠩᠬᠤᠷ ᠨᠠᠢ᠍ᠮᠠᠨ ᠥᠬᠥᠭᠡᠷᠳᠡᠮ᠎ᠡ ᠭᠥᠯᠥᠭᠡ ᠲᠡᠢ ᠪᠣᠯᠵᠠᠢ᠃ ᠨᠢᠭᠡ ᠨᠢ ᠪᠤᠰᠤᠳ ᠠ᠋ᠴᠠ ᠪᠠᠨ ᠵᠢᠵᠢᠭᠬᠡᠨ ᠲᠥᠷᠥᠵᠡᠢ ᠭᠡᠨ᠎ᠡ᠃ ᠠᠪᠤ ᠡᠵᠢ ᠬᠣᠶᠠᠷ ᠨᠣᠬᠠᠢ ᠠᠷᠠᠳ ᠣᠯᠠᠨ ᠢ᠋ᠶ᠋ᠠᠨ ᠦᠷᠡᠰ ᠲᠦ᠍ ᠪᠡᠨ ᠳᠠᠭᠠᠳᠬᠠᠭᠠᠳ ᠠᠴᠢᠯᠠᠯᠲᠤ ᠡᠵᠡᠳ ᠲᠡᠢ ᠪᠡᠨ ᠬᠠᠮᠲᠤ ᠶᠠᠪᠤᠵᠠᠢ᠃ ᠠᠬᠠᠨ ᠳᠡᠭᠦᠦᠰ ᠭᠡᠷ ᠢ᠋ᠶ᠋ᠡᠨ ᠰᠠᠬᠢᠬᠤ ᠠᠮᠠᠯᠠᠯᠲᠠ ᠥᠭᠭᠦᠨ ᠲᠡᠨᠳᠡ ᠪᠡᠨ ᠦᠯᠡᠳᠡᠵᠡᠢ᠃
ᠬᠥᠭᠡᠷᠦᠬᠦᠨ ᠪᠢᠴᠢᠬᠠᠨ ᠭᠥᠯᠥᠭᠡ ᠨᠦ᠍ᠭᠦᠳ ᠬᠥᠭᠡᠭᠡᠴᠡᠯᠳᠦᠵᠦ ᠬᠣᠭᠣᠷᠣᠨᠳᠣ ᠪᠠᠨ ᠲᠣᠭᠯᠠᠨ᠎ᠠ᠃ ᠬᠥᠭᠡᠷᠦᠬᠦᠢ ᠪᠢᠴᠢᠬᠠᠨ ᠳᠡᠭᠦᠦ ᠨᠢ ᠬᠠᠮᠤᠭ ᠤ᠋ᠨ ᠰᠡᠭᠦᠯ ᠳ᠋ᠦ᠍ ᠬᠣᠴᠣᠷᠤᠨ᠎ᠠ᠃
ᠲᠣᠮᠣ ᠠᠬ᠎ᠠ᠄ ᠬᠠᠲᠤᠨ ᠡᠵᠢ ᠬᠠᠭᠠᠨ ᠠᠪᠤ ᠶ᠋ᠢᠨ ᠢ᠋ᠶ᠋ᠡᠨ ᠬᠠᠮᠤᠭ ᠰᠠᠢᠨ ᠢ᠋ ᠨᠢ ᠰᠢᠩᠭᠡᠭᠡᠵᠦ ᠲᠥᠷᠥᠭᠰᠡᠨ ᠪᠢᠯᠡ ᠪᠢ ᠪᠢᠷ᠎ᠠ ᠴᠢᠳᠠᠯ ᠪᠡᠶ᠎ᠡ ᠪᠢᠯᠳᠠᠷ ᠢ᠋ᠶ᠋ᠠᠷ ᠢ᠋ᠶ᠋ᠠᠨ ᠪᠢ ᠲᠠ ᠨᠠᠷ ᠡᠴᠡ ᠮᠤᠨᠳᠠᠭ ᠪᠢᠯᠡ᠃
ᠵᠣᠷᠢᠭᠲᠤ ᠨᠣᠬᠠᠢ᠄ ᠠᠬ᠎ᠠ ᠮᠢᠨᠢ ! ᠲᠠ ᠬᠡᠳᠦᠢ ᠪᠢᠳᠡᠨ ᠡᠴᠡ ᠲᠣᠮᠣ ᠴᠤ᠌ ᠭᠡᠯ᠎ᠡ ᠠᠳᠠᠯᠢᠬᠠᠨ ᠡᠴᠢᠭᠡ ᠡᠬᠡ ᠶ᠋ᠢᠨ ᠦᠷᠡᠰ ᠪᠢᠯᠡ ᠪᠢᠳᠡ ᠠᠯᠠᠭᠯᠠᠵᠤ ᠪᠤᠰᠤᠳ ᠲᠤ᠌ ᠪᠠᠨ ᠣᠩᠭᠢᠷᠠᠵᠤ ᠠᠷᠢᠶᠠᠲᠠᠨ ᠰᠢᠭ᠋ ᠵᠠᠩ ᠭᠠᠷᠭᠠᠬᠤ ᠬᠡᠷᠡᠭ ᠶᠠᠭᠤ?
ᠬᠠᠢ᠁ ᠠᠶᠤᠮᠠᠬᠠᠢ ᠪᠢᠴᠢᠬᠠᠨ ᠳᠡᠭᠦᠦ ᠮᠢᠨᠢ ᠴᠢ ᠠᠬ᠎ᠠ ᠶ᠋ᠢᠨ ᠢ᠋ᠶ᠋ᠡᠨ ᠥᠭᠡᠳᠡ ᠡᠴᠡ ᠶᠠᠭᠤᠨ ᠳ᠋ᠤ᠌ ᠬᠤᠴᠠᠨᠠᠮ? ᠲᠡᠢᠮᠦ ᠮᠤᠨᠳᠠᠭ ᠰᠦᠷᠡᠬᠡᠢ ᠶᠤᠮ ᠪᠣᠯ ᠴᠢ ᠲᠩᠷᠢ ᠳᠣᠷᠭᠢᠵᠤ ᠭᠠᠵᠠᠷ ᠴᠡᠴᠡᠷᠡᠲᠡᠯ᠎ᠡ ᠲᠡᠢᠮᠦ ᠴᠢᠩᠭ᠎ᠠ ᠪᠠᠷ ᠬᠤᠴᠠᠭᠠᠳ ᠠᠯᠢ! ᠲᠡᠭᠡᠪᠡᠯ ᠪᠢ ᠴᠢᠮ᠎ᠠ ᠶ᠋ᠢ ᠠᠬ᠎ᠠ ᠪᠠᠨ ᠭᠡᠵᠦ ᠬᠦᠨᠳᠦᠯᠡᠶ᠎ᠡ! ᠭᠡᠮᠡᠨ ᠲᠣᠮᠣ ᠠᠬ᠎ᠠ ᠨᠢ ᠰᠦᠷᠲᠡᠢ ᠬᠡᠯᠡᠬᠦ ᠳ᠋ᠦ᠍ ᠲᠣᠮᠣᠭ᠎ᠠ ᠦᠭᠡᠢ ᠳᠡᠭᠦᠦ ᠨᠢ ᠠᠬ᠎ᠠ ᠳ᠋ᠤ᠌ ᠪᠠᠨ ᠵᠥᠪᠰᠢᠶᠡᠷᠡᠭᠡᠳ ᠬᠠᠮᠠᠷ ᠠᠮᠠ ᠪᠠᠨ ᠢᠷᠪᠠᠢᠯᠭᠠᠵᠤ ᠬᠠᠪᠢᠷᠭ᠎ᠠ ᠴᠡᠭᠡᠵᠢ ᠪᠡᠨ ᠲᠥᠪᠥᠢᠯᠭᠡᠵᠦ ᠬᠠᠮᠤᠭ ᠪᠠᠢᠳᠠᠭ ᠢ᠋ᠶ᠋ᠠᠷ ᠢ᠋ᠶ᠋ᠠᠨ ᠬᠤᠴᠠᠲᠠᠯ᠎ᠠ ᠬᠠᠷᠢᠭᠤ ᠦᠭᠡᠢ ᠠᠪᠢᠶ᠎ᠠ ᠭᠠᠷᠪᠠ᠃ ᠠᠬ᠎ᠠ ᠡᠭᠡᠴᠢ ᠨᠢ ᠲᠡᠭᠦᠨ ᠢ᠋ ᠱᠣᠣᠯᠠᠵᠤ ᠠᠬᠢᠨ ᠳᠠᠬᠢᠨ ᠴᠢᠩᠭ᠎ᠠ ᠪᠠᠷ ᠢᠨᠢᠶᠡᠯᠳᠦᠪᠡ᠃
ᠪᠢᠴᠢᠬᠠᠨ ᠭᠥᠯᠥᠭᠡ ᠲᠡᠳᠡᠨ ᠳ᠋ᠦ᠍ ᠳᠤᠷ᠎ᠠ ᠦᠭᠡᠢᠯᠡᠬᠢᠵᠦ ᠪᠤᠷᠤᠭᠤ ᠭᠡᠳᠡᠭ ᠢ᠋ ᠪᠠᠲᠤᠯᠠᠬᠤ ᠶ᠋ᠢ ᠬᠦᠰᠡᠵᠡᠢ᠃ ᠪᠡᠶ᠎ᠡ ᠮᠢᠨᠢ ᠵᠢᠵᠢᠭ ᠴᠦ᠍ ᠪᠡᠯᠴᠢᠭᠡᠷ ᠮᠢᠨᠢ ᠲᠣᠮᠣ ᠰᠢᠦ! ᠨᠢᠭᠡ ᠯᠡ ᠡᠳᠦᠷ ᠪᠢ ᠲᠠ ᠨᠠᠷ ᠲᠤ᠌ ᠬᠦᠴᠦᠲᠡᠢ ᠭᠡᠳᠡᠭ ᠢ᠋ᠶ᠋ᠡᠨ ᠬᠠᠷᠠᠭᠤᠯᠤᠨ᠎ᠠ ᠳᠠ ! ᠲᠡᠭᠡᠲᠡᠯ᠎ᠡ ᠲᠡᠷᠲᠡᠭᠡ ᠬᠣᠯᠠ ᠡᠴᠡ ᠬᠠᠷ᠎ᠠ ᠤᠲᠤᠭ᠎ᠠ ᠲᠡᠳᠡᠨ ᠢ᠋ ᠴᠢᠭᠯᠡᠨ ᠨᠠᠭᠠᠰᠢᠯᠠᠨ ᠢᠷᠡᠪᠡ᠃ ᠬᠣᠷᠣᠨ ᠰᠠᠨᠠᠭᠠᠲᠠᠨ ᠤ᠋ ᠬᠣᠣᠷᠯᠠᠨ ᠲᠣᠨᠢᠯᠬᠤ ᠬᠣᠣᠷᠲᠤ ᠤᠲᠤᠭᠠᠨ ᠳᠤᠮᠳᠠ ᠡᠴᠡ ᠰᠦᠷᠳᠡᠵᠦ ᠬᠤᠨᠳᠠᠨ ᠴᠠᠭᠠᠨ ᠬᠣᠨᠢ ᠨᠤᠭᠤᠳ ᠢ᠋ ᠨᠢ ᠬᠠᠤ ᠬᠠᠮᠤᠭᠠᠳ ᠠᠯᠠᠭ᠎ᠠ ᠪᠣᠯᠪᠠ᠃
ᠵᠣᠷᠢᠭᠲᠤ ᠨᠣᠬᠠᠢ᠄ ᠪᠠᠭᠠᠲᠤᠷ ᠵᠣᠷᠢᠭ ᠲᠠᠢ ᠭᠡᠳᠡᠭ ᠢ᠋ᠶ᠋ᠡᠨ ᠪᠠᠲᠤᠯᠠᠨ ᠬᠠᠷᠠᠭᠤᠯᠬᠤ ᠴᠠᠭ ᠮᠢᠨᠢ ᠪᠣᠯᠤᠯ᠎ᠠ ᠭᠡᠳ ᠬᠠᠷ᠎ᠠ ᠤᠲᠤᠭ᠎ᠠ ᠬᠣᠯᠠᠳᠠᠨ ᠣᠳᠬᠤ ᠳ᠋ᠤ᠌ ᠬᠠᠮᠤᠭ ᠤ᠋ᠨ ᠪᠠᠭ᠎ᠠ ᠨᠢ ᠠᠷᠤ ᠡᠴᠡ ᠨᠢ ᠬᠥᠭᠡᠭᠡᠯ᠎ᠡ᠃
ᠬᠥᠭᠡᠷᠦᠬᠦᠢ ᠭᠥᠯᠥᠭᠡ ᠬᠥᠳᠡᠭᠰᠡᠨ ᠬᠠᠯᠲᠠᠷ ᠣᠢ ᠪᠠᠷ ᠬᠥᠭᠡᠭᠡᠵᠦ ᠬᠤᠴᠠᠵᠤ ᠨᠡᠯᠢᠶᠡᠳ ᠡᠷᠢᠪᠡ᠃ ᠪᠠᠷᠠᠭᠠᠨ ᠬᠠᠷ᠎ᠠ ᠤᠲᠤᠭ᠎ᠠ ᠳ᠋ᠤᠨᠢ ᠪᠠᠷ᠎ᠠ ᠰᠤᠷᠠᠭ ᠦᠭᠡᠢ ᠠᠯᠠᠭ᠎ᠠ ᠪᠣᠯᠤᠭᠰᠠᠨ ᠪᠠᠢᠯ᠎ᠠ᠃ ᠬᠤᠨᠳᠠᠨ ᠴᠠᠭᠠᠨ ᠬᠣᠨᠢ ᠨᠤᠭᠤᠳ ᠢ᠋ᠶ᠋ᠠᠨ ᠬᠤᠯᠠᠭᠠᠢᠴᠢ ᠡᠴᠡ ᠵᠠᠪᠠᠯ ᠪᠤᠴᠠᠭᠠᠵᠤ ᠠᠪᠤᠨ᠎ᠠ ᠳᠠ ᠪᠢ ᠭᠡᠳ ᠬᠠᠮᠠᠷ ᠠᠮᠠ ᠪᠠᠨ ᠰᠠᠷᠲᠠᠢᠯᠭᠠᠨ ᠬᠣᠵᠤᠤᠯ᠎ᠠ ᠮᠥᠴᠢᠷ ᠦ᠋ᠨ ᠳᠡᠭᠡᠭᠦᠷ ᠳᠣᠣᠭᠤᠷ ᠦᠨᠦᠷᠲᠦᠵᠦ ᠬᠠᠢᠵᠤ ᠶᠠᠪᠤᠭᠰᠠᠭᠠᠷ ᠪᠦᠷ ᠭᠡᠷ ᠢ᠋ ᠨᠢ ᠣᠯᠵᠤ ᠬᠠᠷᠠᠪᠠ᠃ ᠬᠥᠮᠦᠨ ᠠᠮᠢᠲᠠᠨ ᠠᠮᠢᠳᠤᠷᠠᠬᠤ ᠳ᠋ᠤ᠌ ᠪᠡᠷᠬᠡ ᠬᠦᠢᠲᠡᠨ ᠬᠥᠨᠳᠡᠢ ᠭᠠᠵᠠᠷ ᠠᠳᠠᠭ ᠤ᠋ᠨ ᠬᠤᠯᠠᠭᠠᠢᠴᠢ ᠬᠣᠣᠷᠲᠤ ᠠᠮᠢᠲᠠᠨ ᠤ᠋ ᠠᠬᠤᠢ ᠭᠡᠷ ᠨᠢ ᠮᠥᠨ ᠠᠵᠠᠢ᠃ ᠲᠠᠢᠰᠢ ᠪᠠᠨ ᠶᠠᠪᠤᠭᠠᠳ ᠣᠷᠣᠲᠠᠯ᠎ᠠ ᠲᠦᠮᠡᠨ ᠶᠠᠩᠵᠤ ᠶ᠋ᠢᠨ ᠠᠷᠠᠭ᠎ᠠ ᠡᠷᠭᠢᠯᠳᠦᠵᠦ ᠪᠠᠢᠯ᠎ᠠ᠃ ᠬᠦ ᠲᠣᠷᠲᠣᠭᠲᠤ ᠬᠠᠷ᠎ᠠ ᠬᠤᠯᠠᠭᠠᠢᠴᠢ ᠬᠤᠨᠳᠠᠨ ᠴᠠᠭᠠᠨ ᠬᠣᠨᠢ ᠨᠤᠭᠤᠳ ᠡᠴᠡ ᠨᠢᠭᠡ ᠶ᠋ᠢ ᠠᠪᠴᠤ ᠠᠷᠵᠠᠢᠵᠤ ᠰᠠᠷᠵᠠᠢᠭᠰᠠᠨ ᠲᠡᠮᠦᠷ ᠠᠮᠪᠠᠷ᠎ᠠ ᠤᠷᠤᠭᠤ ᠠᠯᠪᠠᠲᠠᠨ ᠲᠠᠭᠤᠵᠤ ᠬᠥᠭᠡᠭᠡᠨ ᠣᠷᠣᠭᠤᠯᠪᠠ᠃ ᠦᠢᠯᠡ ᠶᠠᠪᠤᠳᠠᠯ ᠢ᠋ ᠭᠥᠯᠥᠭᠡ ᠬᠠᠷᠠᠭᠠᠳ ᠥᠮᠥᠭᠯᠡᠨ ᠬᠠᠮᠠᠭᠠᠯᠠᠬᠤ ᠪᠠᠷ ᠦᠰᠦᠷᠦᠨ ᠣᠴᠢᠯ᠎ᠠ᠃
ᠵᠣᠷᠢᠭᠲᠤ ᠨᠣᠬᠠᠢ᠄ ᠭᠬᠢᠷ ᠲᠣᠷᠲᠣᠭ ᠲᠤ᠌ ᠪᠠᠨ ᠳᠠᠷᠤᠭᠳᠠᠭᠰᠠᠨ ᠬᠡᠢ ᠲᠡᠢ ᠬᠠᠷ᠎ᠠ ᠬᠤᠯᠠᠭᠠᠢᠴᠢ ᠴᠢᠮ᠎ᠠ ᠡᠴᠡ ᠬᠤᠨᠳᠠᠨ ᠴᠠᠭᠠᠨ ᠬᠣᠨᠢ ᠨᠤᠭᠤᠳ ᠢ᠋ᠶ᠋ᠠᠨ ᠪᠤᠴᠠᠭᠠᠵᠤ ᠠᠪᠬᠤ ᠪᠠᠷ ᠢᠷᠡᠯ᠎ᠡ᠃ ᠬᠤᠷᠳᠤᠨ ᠲᠦᠷᠭᠡᠨ ᠲᠡᠳᠡᠨ ᠢ᠋ ᠰᠤᠯᠠᠯᠠ ᠭᠡᠵᠦ ᠠᠷᠬᠢᠷᠠᠨ ᠲᠦᠷᠬᠢᠷᠡᠨ ᠬᠤᠴᠠᠬᠤ ᠳ᠋ᠤ᠌ ᠬᠤᠯᠠᠭᠠᠢᠴᠢ᠄ ᠬᠠ ᠬᠠ᠁᠁ ᠶᠠᠭᠠᠬᠢᠯ᠎ᠠ ᠶᠠᠭᠠᠬᠢᠯ᠎ᠠ ᠭᠡᠨ᠎ᠡ? ᠶᠠᠭᠠᠬᠢᠭᠰᠠᠨ ᠡᠭᠳᠡᠭᠦᠦ ᠲᠡᠢ ᠭᠥᠯᠥᠭᠡ ᠪᠣᠢ? ᠪᠣᠯᠵᠣᠮᠣᠷ ᠰᠢᠪᠠᠭᠤ ᠴᠤ᠌ ᠦᠷᠭᠦᠬᠦ ᠪᠡᠷ ᠦᠭᠡᠢ ᠪᠣᠭᠣᠨᠢ ᠠᠶᠠᠳᠠᠭᠤ ᠳᠠᠭᠤ ᠪᠠᠷ ᠢ᠋ᠶ᠋ᠠᠨ ᠠᠶᠤᠯᠭᠠᠵᠤ ᠨᠠᠮ᠎ᠠ ᠶ᠋ᠢ ᠳᠥᠩᠭᠡᠨ᠎ᠡ ᠭᠡᠵᠦ ᠠᠷᠠᠢ ᠴᠤ᠌ ᠴᠢ ᠪᠣᠳᠣᠭ᠎ᠠ ᠦᠭᠡᠢ ᠪᠢᠵᠡ ᠳᠡ? ᠭᠡᠮᠡᠨ ᠱᠣᠣᠯᠠᠨ ᠢᠨᠢᠶᠡᠯ᠎ᠡ᠃
ᠭᠥᠯᠥᠭᠡ ᠬᠡᠳᠦᠢ ᠳᠠᠪᠵᠠ ᠴᠤ᠌ ᠪᠠᠶᠠᠨ ᠳ᠋ᠤ᠌ ᠪᠠᠨ ᠪᠠᠢᠮᠠᠷ ᠦᠭᠡᠢ ᠵᠣᠷᠢᠭᠲᠠᠢ ᠪᠠᠢᠯ᠎ᠠ᠃ ᠡᠷ᠎ᠡ ᠵᠣᠷᠢᠭ ᠶᠠᠭᠤᠨ ᠡᠴᠡ ᠬᠦᠴᠦᠲᠡᠢ ᠶ᠋ᠢ ᠡᠯᠡᠭᠯᠡᠨ ᠱᠣᠣᠯᠠᠪᠠᠴᠤ ᠮᠡᠳᠡᠳᠡᠭ ᠦᠭᠡᠢ ᠠᠵᠠᠢ᠃ ᠠᠪᠤ ᠡᠵᠢ ᠶ᠋ᠢᠨ ᠵᠠᠬᠢᠶᠠᠰᠤ ᠶ᠋ᠢ ᠰᠠᠨᠠᠵᠤ ᠠᠬ᠎ᠠ ᠡᠭᠡᠴᠢ ᠶ᠋ᠢᠨ ᠢ᠋ᠶ᠋ᠡᠨ ᠦᠭᠡ ᠶ᠋ᠢ ᠪᠣᠳᠣᠵᠤ ᠬᠠᠮᠠᠷ ᠠᠮᠠ ᠪᠠᠨ ᠢᠷᠪᠠᠢᠯᠭᠠᠵᠤ ᠪᠠᠢᠭᠠᠳ ᠬᠠᠪᠢᠷᠭ᠎ᠠ ᠴᠡᠭᠡᠵᠢ ᠪᠡᠨ ᠲᠥᠪᠥᠢᠯᠭᠡᠭᠡᠳ ᠤᠷᠲᠤ ᠠᠮᠢᠰᠤᠭ᠎ᠠ ᠠᠪᠤᠨ ᠠᠭᠤᠷᠲᠠᠢ ᠬᠡᠳᠦ ᠬᠤᠴᠠᠵᠤ ᠣᠷᠬᠢᠯ᠎ᠠ᠃ ᠬᠥᠨᠳᠡᠢ ᠴᠤᠤᠷᠢᠶ᠎ᠠ ᠡᠭᠦᠪᠡᠷ ᠲᠠᠲᠠᠵᠤ ᠬᠦᠴᠦᠲᠡᠢ ᠳᠠᠭᠤ ᠡᠨᠳᠡ ᠲᠡᠨᠳᠡ ᠰᠠᠷᠬᠢᠵᠤ ᠬᠠᠮᠤᠭ ᠶᠠᠭᠤᠮᠠᠰ ᠲᠠᠵᠢᠭᠢᠨᠠᠨ ᠴᠡᠴᠡᠷᠡᠵᠦ ᠬᠠᠷ᠎ᠠ ᠬᠥᠮᠦᠨ ᠠᠶᠤᠵᠤ ᠰᠦᠷᠳᠡᠪᠡ᠃ ᠳᠠᠬᠢᠨ ᠨᠢᠭᠡ ᠴᠢᠩᠭ᠎ᠠ ᠪᠠᠷ ᠬᠤᠴᠠᠬᠤ ᠳ᠋ᠤ᠌ ᠲᠡᠢᠨ ᠳᠠᠵᠢᠨ ᠳᠡᠭᠳᠡᠭᠰᠡᠨ ᠠᠶᠠᠲᠠᠢ ᠲᠡᠮᠦᠷ ᠳᠥᠷᠪᠡᠯᠵᠢᠨ ᠴᠠᠮᠬᠠᠭ ᠨᠢ ᠲᠦᠵᠢᠭᠢᠨᠡᠨ ᠨᠤᠷᠠᠵᠤ ᠰᠦᠢᠳ ᠪᠣᠯᠤᠯ᠎ᠠ᠃
ᠬᠤᠯᠠᠭᠠᠢᠴᠢ᠄ ᠪᠢᠴᠢᠬᠠᠨ ᠭᠡᠵᠦ ᠪᠢ ᠴᠢᠮ᠎ᠠ ᠶ᠋ᠢ ᠪᠤᠷᠤᠭᠤ ᠬᠡᠯᠡᠵᠡᠢ᠃ ᠲᠡᠮᠦᠷ ᠪᠠᠢᠰᠢᠩ ᠢ᠋ ᠮᠢᠨᠢ ᠨᠤᠷᠠᠭᠠᠴᠢᠬᠠᠬᠤ ᠯᠠ ᠦᠭᠡᠢ ᠲᠣᠭᠲᠠᠭᠠᠵᠤ ᠬᠠᠢᠷᠠᠯᠠᠭᠠᠴᠢ ᠳᠠ! ᠣᠯᠠᠨ ᠵᠢᠯ ᠵᠢᠳᠬᠦᠵᠦ ᠪᠠᠢᠵᠤ ᠪᠠᠷᠢᠭᠰᠠᠨ ᠶᠤᠮ᠃ ᠣᠢᠯᠠᠭᠠᠵᠤ ᠨᠠᠮ᠎ᠠ ᠶ᠋ᠢ ᠦᠷᠦ ᠡᠪᠡᠳᠦᠭᠡᠴᠢ ᠴᠢ!
ᠵᠣᠷᠢᠭᠲᠤ ᠭᠥᠯᠥᠭᠡ᠄ ᠤᠤᠬᠠᠢᠰ᠂ ᠴᠢ ᠣᠳᠣ ᠯᠠ ᠨᠢᠭᠡ ᠤᠬᠠᠭ᠎ᠠ ᠣᠷᠣᠵᠤ ᠪᠠᠢᠨ᠎ᠠ ᠤᠤ? ᠬᠥᠮᠦᠨ ᠦ᠌ ᠬᠥᠳᠡᠯᠮᠦᠷᠢ ᠶ᠋ᠢ ᠬᠤᠯᠠᠭᠠᠢᠯᠠᠴᠢᠬᠠᠭᠠᠳ ᠥᠪᠡᠷ ᠦ᠋ᠨ ᠢ᠋ᠶ᠋ᠡᠨ ᠦᠭᠡᠢ ᠬᠠᠷᠢᠨ ᠬᠠᠷᠠᠮᠨᠠᠵᠤ ᠪᠠᠢᠬᠤ ᠰᠢᠪ!
ᠬᠤᠯᠠᠭᠠᠢᠴᠢ᠄ ᠦᠭᠡᠢ ᠳᠡ᠂ ᠦᠭᠡᠢ ᠦᠭᠡᠢ᠂ ᠦᠨᠡᠨ ᠳ᠋ᠦ᠍ ᠪᠡᠨ ᠡᠨᠡ ᠬᠤᠯᠠᠭᠠᠢ ᠪᠢᠰᠢ ᠦᠰᠦ ᠶ᠋ᠢ ᠨᠢ ᠠᠪᠴᠢᠬᠠᠭᠠᠳ ᠯᠠ ᠥᠭᠬᠦ ᠭᠡᠵᠦ ᠪᠠᠢᠭᠰᠠᠨ ᠶᠤᠮ ᠪᠠᠢᠬᠤ ᠦᠭᠡᠢ ᠤᠤ! ᠬᠦᠢᠲᠡᠨ ᠲᠡᠮᠦᠷ ᠦ᠋ᠨ ᠭᠣᠣᠯ ᠳ᠋ᠤ᠌ ᠠᠮᠢᠳᠤᠷᠠᠭᠠᠳ ᠬᠥᠯᠳᠡᠵᠦ ᠦᠬᠦᠬᠦ ᠨᠢ ᠪᠠᠢᠨ᠎ᠠ ᠰᠢᠦ ᠳᠡ ᠪᠢ ᠴᠢᠨᠢ!
ᠵᠣᠷᠢᠭᠲᠤ ᠭᠥᠯᠥᠭᠡ᠄ ᠲᠡᠭᠡᠪᠡᠯ ᠴᠢ ᠨᠠᠳᠠ ᠲᠠᠢ ᠴᠣᠭ ᠶᠠᠪᠤ ᠲᠠᠷᠢᠭᠰᠠᠨ ᠪᠠᠯᠠᠭ ᠢ᠋ᠶ᠋ᠠᠨ ᠪᠤᠰᠢᠭᠤ ᠶᠠᠩᠵᠤᠯᠠ᠃ ᠠᠵᠢᠯ ᠲᠥᠷᠥᠯ ᠬᠢᠵᠦ ᠪᠠᠢᠭᠠᠳ ᠠᠵᠤ ᠲᠥᠷᠥᠨ ᠲᠡᠨᠳᠡ ᠪᠡᠨ ᠰᠠᠭᠤᠷᠢᠰᠢ᠃
ᠬᠤᠯᠠᠭᠠᠢᠴᠢ᠄ ᠵᠠ᠂ ᠪᠢ ᠴᠢᠨᠦ ᠦᠭᠡ ᠶ᠋ᠢ ᠣᠢᠯᠠᠭᠠᠯ᠎ᠠ᠃ ᠵᠠᠰᠠᠷᠠᠵᠤ ᠪᠢ ᠰᠠᠢᠨ ᠬᠥᠮᠦᠨ ᠪᠣᠯᠤᠨ᠎ᠠ ᠭᠡᠳ ᠵᠣᠯᠢᠭ ᠤ᠋ᠨ ᠮᠠᠭᠤ ᠬᠥᠮᠦᠨ ᠵᠣᠷᠢᠭᠲᠤ ᠪᠢᠴᠢᠬᠠᠨ ᠨᠣᠬᠠᠢ ᠲᠠᠢ ᠬᠠᠮᠲᠤ ᠵᠤᠨ ᠣᠯᠠᠨ ᠤᠷᠤᠭᠤ ᠶᠠᠪᠤᠵᠠᠢ ᠭᠡᠨ᠎ᠡ᠃
ᠥᠴᠦᠬᠡᠨ ᠵᠢᠵᠢᠭᠬᠡᠨ ᠪᠡᠶ᠎ᠡ ᠲᠡᠢ ᠥᠪᠡᠷ ᠲᠦ᠍ ᠪᠡᠨ ᠪᠠᠢᠮᠠᠷ ᠦᠭᠡᠢ ᠲᠡᠩᠬᠡᠭᠡ ᠲᠡᠢ ᠵᠣᠪᠠᠭᠰᠠᠨ ᠣᠯᠠᠨ ᠳ᠋ᠤ᠌ ᠲᠤᠰᠠᠲᠠᠢ ᠵᠣᠷᠢᠭᠲᠤ ᠨᠣᠬᠠᠢ ᠶ᠋ᠢᠨ ᠦᠯᠢᠭᠡᠷ ᠡᠨᠡ ᠪᠥᠯᠥᠭᠡ᠃

    ᠦᠰᠦᠭ ᠠᠮᠢᠯᠠᠭᠤᠯᠤᠭᠰᠠᠨ ᠨᠢ᠄ ᠪᠦᠷᠢᠨᠴᠡᠴᠡᠭ
    ᠬᠢᠨᠠᠭᠴᠢ᠄ ᠱᠤᠳᠤᠷᠭᠤ᠂ ᠪᠥᠬᠡᠴᠢᠯᠠᠭᠤ᠂ ᠮᠥᠴᠢᠷ᠂ ᠰᠣᠶᠣᠯ