ᠬᠠᠭᠠᠨ ᠪᠠᠳᠢᠷᠴᠢᠨ ᠬᠣᠶᠠᠷ-ᠮᠣᠩᠭᠣᠯ ᠠᠷᠠᠳ ᠤ᠋ᠨ ᠦᠯᠢᠭᠡᠷ Хаан бадарчин хоёр-Монгол ардын үлгэр
ᠠᠩᠭᠢᠯᠠᠯ:ᠳᠣᠮᠣᠭ ᠦᠯᠢᠭᠡᠷДомог үлгэрᠠᠷᠠᠳ ᠤ᠋ᠨ ᠠᠮᠠᠨ ᠥᠯᠢᠭᠡᠷ 2022-06-09
612
ᠬᠠᠭᠠᠨ ᠪᠠᠳᠢᠷᠴᠢᠨ ᠬᠣᠶᠠᠷ-ᠮᠣᠩᠭᠣᠯ ᠠᠷᠠᠳ ᠤ᠋ᠨ ᠦᠯᠢᠭᠡᠷ ᠡᠷᠲᠡ ᠤᠷᠢᠳᠤ ᠶ᠋ᠢᠨ ᠴᠠᠭ ᠲᠤ᠌ ᠨᠢᠭᠡᠨ ᠬᠠᠭᠠᠨ ᠪᠠᠢᠵᠤ ᠭᠡᠨ᠎ᠡ᠃ ᠲᠡᠷᠡ ᠬᠠᠭᠠᠨ ᠰᠠᠭᠤᠭ᠎ᠠ ᠬᠥᠮᠦᠨ ᠢ᠋ ᠪᠣᠰᠲᠠᠯ᠎ᠠ᠂ ᠤᠨᠲᠠᠭ᠎ᠠ ᠬᠥᠮᠦᠨ ᠢ᠋ ᠰᠡᠷᠡᠲᠡᠯ᠎ᠡ ᠬᠤᠳᠠᠯ ᠬᠡᠯᠡᠭᠰᠡᠨ ᠬᠥᠮᠦᠨ ᠳ᠋ᠦ᠍ ᠪᠢ ᠬᠠᠭᠠᠨ ᠰᠢᠷᠡᠭᠡ ᠪᠡᠨ ᠥᠭᠭᠦᠨ᠎ᠡ ᠭᠡᠵᠦ ᠵᠠᠷ ᠲᠠᠷᠬᠠᠭᠠᠵᠠᠢ᠃ ᠭᠡᠲᠡᠯ᠎ᠡ ᠬᠠᠭᠠᠨ ᠤ᠋ ᠳ᠋ᠤ᠌ ᠨᠢᠭᠡᠨ ᠦᠢᠯᠡᠴᠢᠨ ᠬᠦᠷᠴᠦ ᠢᠷᠡᠭᠡᠳ᠄ 《ᠬᠠᠭᠠᠨᠲᠠᠨ ᠮᠢᠨᠢ᠂ ᠪᠣᠯᠭᠣᠭᠠᠵᠤ ᠬᠠᠢᠷᠠᠯᠠ᠂ ᠤᠷᠵᠢᠳᠤᠷ ᠤ᠋ᠨ ᠰᠢᠷᠦᠭ...