ᠦᠭᠡᠢᠯᠡᠨ ᠰᠠᠨᠠᠨ᠎ᠠ-ᠳᠠᠭᠤᠤҮгүйлэн санана-дуу ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠭᠡᠢᠯᠡᠨ ᠰᠠᠨᠠᠨ᠎ᠠ-ᠳᠠᠭᠤᠤҮгүйлэн санана-дуу

ᠦᠭᠡᠢᠯᠡᠨ ᠰᠠᠨᠠᠨ᠎ᠠ-ᠳᠠᠭᠤᠤҮгүйлэн санана-дуу

ᠠᠩᠭᠢᠯᠠᠯ:ᠳᠠᠭᠤᠤ ᠬᠥᠭᠵᠢᠮ
2022-10-06

486

ᠦᠭᠡᠢᠯᠡᠨ ᠰᠠᠨᠠᠨ᠎ᠠ

ᠦᠭᠡᠢᠯᠡᠨ ᠰᠠᠨᠠᠨ᠎ᠠ

ᠰᠠᠨᠠᠨ᠎ᠠ ᠳ᠋ᠠ ᠴᠢ ᠨᠠᠮ᠎ᠠ᠎ ᠶ᠋ᠢ ᠰᠠᠨᠠᠨ᠎ᠠ
ᠰᠠᠷᠠ ᠨᠠᠷᠠᠨ ‍ᠢ ᠤᠨᠲᠠᠭᠤᠯᠤᠨ ᠰᠡᠷᠡᠭᠡᠵᠦ ᠰᠠᠨᠠᠨ᠎ᠠ
ᠨᠠᠷᠠ᠎ ᠲᠠᠢ ᠳᠤ ᠴᠢ ᠨᠠᠮ᠎ᠠ᠎ ᠶ᠋ᠢ ᠰᠠᠨᠠᠵᠤ ᠭᠠᠩᠳᠠᠨ᠎ᠠ
ᠰᠠᠷᠠ᠎ ᠲᠠᠢ ᠳᠤ ᠴᠢ ᠨᠠᠮ᠎ᠠ᠎ ᠶ᠋ᠢ ᠰᠠᠨᠠᠵᠤ ᠪᠦᠳᠦᠷᠢᠨ᠎ᠡ

ᠦᠭᠡᠢᠯᠡᠨ᠎ᠡ ᠳ᠋ᠡ ᠴᠢ ᠨᠠᠮ᠎ᠠ᠎ ᠶ᠋ᠢ ᠦᠭᠡᠢᠯᠡᠨ᠎ᠡ
ᠦᠳᠡᠰᠢ ᠤᠨᠲᠠᠪᠠᠴᠤ ᠵᠡᠭᠦᠳᠦᠨ ᠳ᠋ᠡᠭᠡᠨ ᠦᠭᠡᠢᠯᠡᠨ᠎ᠡ
ᠥᠷᠯᠥᠭᠡ ᠪᠣᠰᠤᠭᠠᠳ ᠬᠠᠷᠠᠴᠠᠨ ᠳ᠋ᠠᠭᠠᠨ ᠦᠭᠡᠢᠯᠡᠨ᠎ᠡ
ᠥᠷᠥ ᠵᠢᠷᠦᠬᠡ ᠴᠢᠨᠢ ᠨᠠᠮ᠎ᠠ᠎ ᠶ᠋ᠢ ᠦᠭᠡᠢᠯᠡᠨ᠎ᠡ

ᠪᠢ ᠬᠠᠮᠢᠭ᠎ᠠ ᠴᠤ᠌ ᠶᠠᠪᠤᠭᠰᠠᠨ
ᠦᠷᠭᠦᠯᠵᠢ ᠴᠢᠮ᠎ᠠ᠎ ᠲᠠᠢ
ᠰᠡᠳᠬᠢᠯ ᠵᠢᠷᠦᠬᠡᠨ ᠳᠤ ᠮᠢᠨᠢ ᠴᠢ
ᠳᠡᠩᠳᠡ᠎ ᠪᠠᠨ ᠬᠠᠮᠲᠤᠳᠠ᠎ ᠪᠠᠨ
ᠴᠢ ᠬᠠᠮᠢᠭ᠎ᠠ ᠴᠤ᠌ ᠭᠡᠰᠡᠨ
ᠦᠷᠭᠦᠯᠵᠢ ᠨᠠᠳᠠ᠎ ᠲᠠᠢ
ᠬᠣᠶᠠᠷ ᠰᠡᠳᠬᠢᠯ ᠲᠡᠮᠡᠦᠯᠦᠨ
ᠪᠡᠶ᠎ᠡ ᠪᠡᠶ᠎ᠡ᠎ ᠪᠡᠨ ᠬᠠᠢᠨ᠎ᠠ

ᠬᠦᠰᠡᠨ᠎ᠡ ᠳ᠋ᠡ ᠴᠢ ᠨᠠᠮ᠎ᠠ᠎ ᠶ᠋ᠢ ᠬᠦᠰᠡᠨ᠎ᠡ
ᠬᠥᠮᠦᠨ ‍ᠢ ᠬᠡᠯᠡᠯ ᠦᠭᠡᠢ ᠪᠢ ᠥᠪᠡᠷ᠎ ‍ᠢᠶ᠋ᠡᠨ ᠬᠦᠰᠡᠨ᠎ᠡ
ᠬᠣᠯᠠ ᠭᠠᠵᠠᠷ ᠬᠢᠯᠢ᠎ ᠶ᠋ᠢᠨ ᠳᠡᠭᠡᠰᠦᠨ ᠳᠡᠭᠡᠭᠦᠷ
ᠬᠣᠶᠠᠷ ᠰᠡᠳᠬᠢᠯ ᠲᠡᠮᠡᠦᠯᠦᠨ ᠪᠡᠶ᠎ᠡ ᠪᠡᠶ᠎ᠡ᠎ ᠪᠡᠨ ᠬᠠᠢᠨ᠎ᠠ
ᠳᠠᠬᠢᠯᠲᠠ