ᠬᠣᠱᠤᠳ ᠬᠠᠭᠠᠨᠲᠤ ᠤᠯᠣᠰХошууд хаант улс41 ᠲᠡᠥᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠱᠤᠳ ᠬᠠᠭᠠᠨᠲᠤ ᠤᠯᠣᠰХошууд хаант улс41

ᠬᠣᠱᠤᠳ ᠬᠠᠭᠠᠨᠲᠤ ᠤᠯᠣᠰХошууд хаант улс41

ᠠᠩᠭᠢᠯᠠᠯ:ᠲᠡᠥᠬᠡ ᠰᠣᠶᠣᠯ
2022-10-08

327

  ᠬᠣᠱᠤᠳ ᠪᠣᠯ ᠣᠢᠷᠠᠳ ᠤᠨ ᠨᠢᠭᠡᠨ ᠠᠢᠮᠠᠭ ᠪᠥᠭᠡᠳ ᠠᠩᠬᠠᠯᠠᠨ ᠴᠢᠩᠭᠢᠰ ᠬᠠᠭᠠᠨ ᠤ ᠪᠠᠢᠭᠤᠯᠤᠭᠰᠠᠨ ᠶᠡᠬᠡ ᠮᠣᠩᠭᠣᠯ ᠤᠯᠤᠰ ᠤᠨ ᠴᠡᠷᠢᠭ ᠦᠨ ᠬᠣᠰᠢᠭᠤᠴᠢ ᠮᠠᠩᠯᠠᠢ ᠠᠩᠭᠢ ᠶᠢ ᠪᠦᠷᠢᠳᠦᠭᠦᠯᠵᠦ ᠪᠠᠢᠭᠰᠠᠨ ᠭᠡᠬᠦ ᠠᠮᠠᠨ ᠲᠡᠦᠬᠡ ᠲᠡᠢ ᠶᠤᠮ᠃ XV ᠵᠠᠭᠤᠨ ᠤ ᠦᠶ᠎ᠡ ᠳᠦ ᠬᠠᠰᠠᠷ ᠤᠨ ᠤᠭᠰᠠᠭᠠᠨ ᠤ ᠥᠷᠥᠭᠲᠡᠮᠦᠷ ᠨᠣᠶᠠᠨ ᠬᠠᠷᠢᠶᠠᠲᠤ ᠠᠯᠪᠠᠲᠤ ᠪᠠᠨ ᠳᠠᠭᠠᠭᠤᠯᠤᠨ ᠣᠢᠷᠠᠳ ᠤᠨ ᠲᠣᠭᠣᠭᠠᠨ ᠲᠠᠢᠰᠢ ᠳᠤ ᠳᠠᠭᠠᠷ᠎ᠠ ᠣᠷᠣᠭᠰᠠᠨ ᠢᠶᠠᠷ ᠬᠣᠱᠤᠳ ᠠᠢᠮᠠᠭ ᠡᠭᠦᠰᠴᠡᠢ᠃ XVI ᠵᠠᠭᠤᠨ ᠤ ᠦᠶ᠎ᠡ ᠳᠦ ᠳᠥᠷᠪᠡᠨ ᠣᠢᠷᠠᠳ ᠤᠨ ᠬᠣᠯᠪᠣᠭ᠎ᠠ ᠶᠢ ᠬᠣᠱᠤᠳ ᠤᠨ ᠨᠣᠶᠠᠳ ᠵᠠᠬᠢᠷᠴᠢ ᠪᠠᠢᠯ᠎ᠠ᠃ XVII ᠵᠠᠭᠤᠨ ᠤ ᠦᠶ᠎ᠡ ᠳᠦ ᠬᠣᠱᠤᠳ ᠤᠨ ᠵᠠᠷᠢᠮ ᠬᠡᠰᠡᠭ ᠬᠥᠬᠡ ᠨᠠᠭᠤᠷ᠂ ᠢᠵᠢᠯ ᠮᠥᠷᠡᠨ ᠦ ᠡᠷᠭᠢ ᠳᠦ ᠣᠴᠢᠵᠤ ᠰᠠᠭᠤᠴᠠᠢ᠃ XVII ᠵᠠᠭᠤᠨ ᠤ ᠦᠶ᠎ᠡ ᠳᠦ ᠬᠣᠱᠤᠳ ᠤᠨ ᠨᠣᠶᠠᠳ ᠣᠢᠷᠠᠳ ᠤᠨ ᠲᠥᠷᠦ ᠶᠢᠨ ᠳᠡᠭᠡᠳᠦ ᠡᠷᠬᠡ ᠶᠢ ᠴᠢᠷᠣᠰ ᠠᠢᠮᠠᠭ ᠤᠨ ᠬᠢᠨ ᠳᠤ ᠠᠯᠠᠳᠠᠭᠰᠠᠨ ᠪᠣᠯᠪᠠᠴᠤ ᠬᠥᠬᠡ ᠨᠠᠭᠤᠷ᠂ ᠲᠥᠪᠡᠳ ᠢ ᠵᠠᠬᠢᠷᠤᠭᠰᠠᠨ ᠬᠣᠱᠤᠳ ᠤᠨ ᠬᠠᠨᠲᠠ ᠤᠯᠤᠰ ᠢ ᠪᠠᠢᠭᠤᠯᠵᠤ᠂ ᠣᠷᠣᠰᠢᠨ ᠲᠣᠭᠲᠠᠨᠢᠭᠰᠠᠭᠠᠷ ᠪᠠᠢᠵᠠᠢ᠃ XVIII ᠵᠠᠭᠤᠨ ᠤ ᠦᠶ᠎ᠡ ᠳᠦ ᠬᠣᠱᠤᠳ ᠤᠨ ᠬᠠᠨᠲᠠ ᠤᠯᠤᠰ ᠵᠡᠭᠦᠨᠭᠠᠷ ᠤᠨ ᠬᠠᠭᠠᠨᠲᠤ ᠤᠯᠤᠰ ᠤᠨ ᠴᠡᠷᠢᠭ ᠲᠦ ᠴᠣᠬᠢᠭᠳᠠᠵᠤ ᠮᠥᠬᠦᠭᠰᠡᠨ ᠪᠥᠭᠡᠳ ᠮᠠᠨᠵᠤ ᠶᠢᠨ ᠴᠢᠨ ᠤᠯᠤᠰ ᠲᠥᠪᠡᠳ ᠡᠴᠡ ᠵᠡᠭᠦᠨᠭᠠᠷ ᠤᠨ ᠴᠡᠷᠢᠭ ᠢ ᠬᠥᠭᠡᠭᠡᠨ ᠭᠠᠷᠭᠠᠭᠰᠠᠨ ᠢᠶᠠᠷ ᠬᠥᠬᠡ ᠨᠠᠭᠤᠷ᠂ ᠲᠥᠪᠡᠳ ᠦᠨ ᠭᠠᠵᠠᠷ ᠨᠤᠲᠤᠭ ᠮᠠᠨᠵᠤ ᠶᠢᠨ ᠴᠢᠨ ᠤᠯᠤᠰ ᠤᠨ ᠵᠠᠬᠢᠷᠭᠠᠨ ᠳᠤ ᠣᠷᠣᠵᠠᠢ᠃ ᠲᠡᠭᠦᠨ ᠦ ᠳᠠᠷᠠᠭ᠎ᠠ ᠬᠣᠱᠤᠳ᠂ ᠲᠥᠪᠡᠳ ᠦᠳ ᠮᠠᠨᠵᠤ ᠶᠢᠨ ᠡᠰᠡᠷᠡᠭ ᠪᠣᠰᠤᠯᠭ᠎ᠠ ᠭᠠᠷᠭᠠᠭᠰᠠᠨ ᠪᠣᠯᠪᠠᠴᠤ ᠳᠠᠷᠤᠭᠳᠠᠵᠠᠢ᠃ XX ᠵᠠᠭᠤᠨ ᠤ ᠦᠶ᠎ᠡ ᠳᠦ ᠬᠣᠱᠤᠳ ᠤᠳ ᠬᠢᠲᠠᠳ ᠤᠨ ᠳᠤᠮᠳᠠᠳᠤ ᠢᠷᠭᠡᠨ ᠤᠯᠤᠰ ᠪᠣᠯᠤᠨ ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠤᠨ ᠵᠠᠬᠢᠷᠭᠠᠨ ᠳᠤ ᠣᠷᠣᠭᠰᠠᠨ ᠶᠤᠮ᠃ ᠬᠣᠱᠤᠳ ᠤᠳ ᠣᠳᠣ ᠦᠶ᠎ᠡ ᠳᠦ ᠬᠥᠬᠡ ᠨᠠᠭᠤᠷ᠂ ᠲᠥᠪᠡᠳ᠂ ᠠᠯᠠᠱᠠᠨ᠂ ᠡᠵᠡᠨ᠎ᠡ ᠭᠣᠣᠯ ᠵᠡᠷᠭᠡ ᠭᠠᠵᠠᠷ ᠲᠤ ᠭᠣᠣᠯᠯᠠᠨ ᠨᠤᠲᠤᠭᠯᠠᠬᠤ ᠪᠥᠭᠡᠳ ᠣᠷᠣᠰ ᠤᠨ ᠬᠣᠯᠪᠣᠭᠠᠨ ᠤ ᠤᠯᠤᠰ ᠤᠨ ᠪᠦᠭᠦᠳᠡ ᠨᠠᠢᠷᠠᠮᠳᠠᠬᠤ ᠬᠠᠯᠢᠮᠠᠭ ᠤᠯᠤᠰ᠂ ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠤᠨ ᠰᠢᠨᠵᠢᠶᠠᠩ-ᠤᠢᠭᠤᠷ ᠤᠨ ᠠᠦ᠋ᠲ᠋ᠣᠨᠣᠮᠢᠲᠤ ᠨᠤᠲᠤᠭ᠂ ᠮᠣᠩᠭᠣᠯ ᠤᠯᠤᠰ ᠤᠨ ᠬᠣᠪᠳᠣ ᠠᠢᠮᠠᠭ ᠲᠤ ᠴᠥᠭᠡᠨ ᠲᠣᠭ᠎ᠠ ᠪᠠᠷ ᠣᠷᠣᠰᠢᠨ ᠰᠠᠭᠤᠳᠠᠭ᠃

ᠳᠠᠯᠠᠢ ᠶᠢᠨ ᠮᠣᠩᠭᠣᠯ ᠲᠡᠦᠬᠡ ᠶᠢᠨ ᠥᠷᠥᠭᠡ ᠳᠦ  ᠪᠤᠴᠠᠬᠤДалайн монгол түүхийн өрөөд буцах