ᠳᠥᠷᠪᠡᠨ ᠴᠠᠭ-ᠳ ᠨᠢᠮᠠᠰᠦ᠋ᠷᠦᠩ-ᠰᠢᠯᠦᠭДөрвөн цаг-Шүлэг-Д Нямсүрэ ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠥᠷᠪᠡᠨ ᠴᠠᠭ-ᠳ ᠨᠢᠮᠠᠰᠦ᠋ᠷᠦᠩ-ᠰᠢᠯᠦᠭДөрвөн цаг-Шүлэг-Д Нямсүрэ

ᠳᠥᠷᠪᠡᠨ ᠴᠠᠭ-ᠳ ᠨᠢᠮᠠᠰᠦ᠋ᠷᠦᠩ-ᠰᠢᠯᠦᠭДөрвөн цаг-Шүлэг-Д Нямсүрэ

2022-10-09

1120

ᠳᠥᠷᠪᠡᠨ ᠴᠠᠭ 

ᠳ ᠨᠢᠮᠠᠰᠦ᠋ᠷᠦᠩ

ᠪᠣᠷᠣᠭ᠎᠎ᠠ ᠭᠠᠭᠴᠠ ᠨᠢᠭᠡ ᠲᠣᠰᠬᠣ ᠨᠢ ᠰᠠᠢᠬᠠᠨ
ᠪᠣᠷᠣᠭ ᠡᠪᠡᠰᠦ ᠨᠣᠷᠣᠭᠰᠠᠨ ᠪᠠᠢᠬᠣ ᠨᠢ ᠰᠠᠢᠬᠠᠨ
ᠬᠠᠪᠣᠷ ᠤᠨ ᠴᠡᠰᠣ ᠭᠡᠷ ᠣᠷᠣᠭᠣ ᠣᠷᠣᠰᠬᠣ ᠨᠢ ᠰᠠᠢᠬᠠᠨ
ᠬᠠᠮᠢᠭ᠎᠎ᠠ ᠨᠢᠭᠡᠳ᠋ᠡᠢ ᠰᠢᠪᠡᠭᠣᠳ ᠭᠠᠩᠭᠠᠨᠠᠬᠤ ᠨᠢ ᠰᠠᠢᠬᠠᠨ

ᠠᠯᠳ᠋ᠠᠨ ᠬᠠᠷᠢᠶᠠᠴᠠᠢ ᠲᠡᠷᠭᠡᠳ᠋ᠡᠭᠦᠷ ᠨᠢᠰᠬᠦ ᠰᠠᠢᠬᠠᠨ
ᠠᠶᠠᠨ ᠦ ᠬᠦᠮᠦᠨ ᠮᠠᠨ ᠦ ᠣᠶᠠᠭᠠᠨ ᠳᠤ ᠪᠠᠭᠣᠬᠣ ᠰᠠᠢᠬᠠᠨ
ᠠᠢᠯ ᠤᠨ ᠮᠢᠨᠢ ᠠᠢᠯ ᠳᠤ ᠪᠦᠰᠡᠬᠦᠢ ᠪᠠᠢᠬᠣ ᠰᠠᠢᠬᠠᠨ
ᠠᠢᠯ ᠨᠡᠭᠦᠵᠦ ᠢᠷᠡᠬᠦ ᠰᠠᠢᠬᠠᠨ

ᠬᠠᠩᠭᠠᠢ ᠶᠢᠨ ᠪᠣᠷᠣᠭᠠᠨ ᠭᠡᠨᠡᠳᠲᠡ ᠠᠰᠬᠠᠬᠣ ᠨᠢ ᠰᠠᠢᠬᠠᠨ
ᠬᠠᠷᠠᠩᠭᠤᠢ ᠶᠢᠨ ᠲᠣᠮᠳ᠋ᠠ ᠴᠠᠬᠢᠯᠭᠠᠨ ᠬᠢᠯᠪᠠᠬᠣ ᠨᠢ ᠰᠠᠢᠬᠠᠨ
ᠬᠣᠨᠤᠨ ᠦᠨᠵᠢᠨ ᠪᠣᠷᠣᠭ᠎᠎ᠠ ᠵᠦᠰᠡᠷᠡᠬᠦ ᠨᠢ ᠰᠠᠢᠬᠠᠨ
ᠬᠣᠯᠠ ᠠ᠋ᠴᠠ ᠭᠡᠢᠴᠢᠨ ᠢᠷᠡᠬᠦ ᠰᠠᠢᠬᠠᠨ

ᠰᠢᠷᠭᠠᠯ ᠲᠠᠯ᠎ᠠ ᠶᠢᠨ ᠡᠪᠡᠰᠦ ᠬᠠᠯᠢᠭᠣᠷᠠᠬᠣ ᠨᠢ ᠰᠠᠢᠬᠠᠨ
ᠱᠠᠩᠬᠤᠨ ᠦ ᠦᠵᠦᠬᠦᠷ  ᠲᠤ ᠰᠠᠯᠬᠢ ᠨᠢ ᠰᠡᠪᠢᠯᠵᠡᠬᠦ ᠰᠠᠢᠬᠠᠨ
ᠰᠠᠷᠠ ᠲᠡᠢ ᠰᠥᠨᠢ ᠪᠣᠬᠠᠯ ᠲᠡᠭᠡᠷ᠎ᠡ ᠣᠨᠳ᠋ᠠᠬᠣ ᠰᠠᠢᠬᠠᠨ
ᠴᠢᠮ᠎ᠠ ᠶ᠋ᠢ ᠵᠡᠭᠦᠳ᠋ᠦᠯᠡᠭᠡᠳ ᠭᠠᠵᠠᠷ  ᠲᠤ ᠣᠢᠴᠢᠬᠣ ᠰᠠᠢᠬᠠᠨ

ᠦᠶ᠎᠎ᠡ ᠦᠶ᠎᠎ᠡ ᠪᠣᠷᠣᠭ᠎᠎ᠠ ᠠᠮᠢᠰᠬᠣᠬᠣ ᠨᠢ ᠰᠠᠢᠬᠠᠨ 
ᠡᠯᠭᠦᠭᠰᠡᠨ ᠴᠣᠪᠠ ᠠ᠋ᠴᠠ ᠣᠰᠣ ᠲᠣᠰᠣᠯᠠᠬᠣ ᠨᠢ ᠰᠠᠢᠬᠠᠨ
ᠡᠭᠦᠯᠡᠨ ᠴᠢᠯᠣᠭᠡᠨ ᠦ ᠨᠠᠷᠠ ᠭᠠᠷᠬᠣ ᠰᠠᠢᠬᠠᠨ
ᠡᠭᠦᠳ᠋ᠡ ᠪᠠᠷ ᠪᠣᠯᠵᠣᠮᠣᠷ  ᠦᠳ ᠨᠢᠰᠣᠨ ᠦᠩᠭᠡᠷᠡᠬᠦ ᠰᠠᠢᠬᠠᠨ

ᠰᠦᠨᠢ ᠳᠦᠯᠢ ᠬᠦᠯᠦᠭ᠌ ᠮᠣᠷᠢ ᠢᠨᠴᠠᠭᠠᠬᠣ ᠰᠠᠢᠬᠠᠨ
ᠰᠢᠯᠦᠭ᠌ ᠨᠣᠢᠷ ᠠ᠋ᠴᠠ ᠰᠡᠷᠢᠵᠦ ᠣᠷᠴᠢᠯᠠᠡᠭ᠌ ᠢ ᠪᠣᠳ᠋ᠣᠬᠣ ᠰᠠᠢᠬᠠᠨ
ᠡᠷᠦᠬᠡᠨ ᠦ ᠵᠠᠪᠰᠠᠷ  ᠢ᠋ᠢᠠᠷ ᠭᠡᠭᠡ ᠣᠷᠣᠬᠣ ᠰᠠᠢᠬᠠᠨ
ᠦᠷᠯᠦᠭᠡ ᠪᠣᠰᠬᠣ ᠰᠠᠢᠬᠠᠨ

ᠴᠠᠢᠷᠠᠨ ᠴᠠᠢᠷᠠᠨ ᠪᠣᠷᠣᠭ᠎᠎ᠠ ᠣᠷᠣᠬᠣ ᠨᠢ ᠰᠠᠢᠬᠠᠨ
ᠴᠠᠪᠢᠳ᠋ᠡᠷ ᠮᠣᠷᠢ ᠲᠡᠢ ᠬᠦᠮᠦᠨ ᠨᠠᠭᠠᠰᠢ ᠪᠠᠨ ᠲᠠᠪᠬᠢᠬᠣ ᠨᠢ ᠰᠠᠢᠬᠠᠨ
ᠪᠣᠷᠣᠭᠠᠨ ᠠ᠋ᠴᠠ ᠡᠮᠦᠨ᠎᠎ᠡ ᠢᠷᠡᠯ᠎ᠡ ᠬᠡᠵᠦ ᠶᠠᠷᠢᠬᠣ ᠨᠢ ᠰᠠᠢᠬᠠᠨ
ᠪᠣᠷᠵᠢᠬᠢᠨ ᠡᠮᠡᠭᠡᠯ  ᠢ᠋ᠢᠡᠨ ᠠᠪᠣᠭᠠᠳ ᠣᠷᠣᠵᠣ ᠢᠷᠡᠬᠦ ᠰᠠᠢᠬᠠᠨ

ᠰᠠᠷᠠ ᠲᠡᠢ ᠲᠣᠯᠣᠭᠠᠳ᠎
 ᠲᠤ ᠢᠩᠭᠡ ᠭᠣᠡᠭᠭᠢᠨᠠᠬᠣ ᠰᠠᠢᠬᠠᠨ
ᠱᠠᠡᠭᠵᠠᠠ ᠦ ᠦᠵᠦᠭᠦᠷ᠎
 ᠲᠤ ᠠᠢ ᠨᠠᠨ ᠠᠢ ᠰᠠᠭᠣᠬᠣ ᠨᠢ ᠰᠠᠢᠬᠠᠨ
ᠰᠢᠷᠭᠠᠯ ᠲᠦ᠋ᠯᠦ ᠣᠭᠠᠯᠵᠠᠯᠠᠨ ᠭᠠᠯ ᠨᠣᠴᠣᠬᠣ ᠨᠢ ᠰᠠᠢᠬᠠᠨ
ᠴᠢᠷᠠᠢ ᠵᠢᠰᠦ ᠪᠦᠳ᠋ᠡᠬᠢ ᠪᠠᠳ᠋ᠠᠬᠢ ᠭᠡᠷᠡᠯᠳ᠋ᠦᠬᠦ ᠨᠢ ᠰᠠᠢᠬᠠᠨ

ᠬᠦᠬᠡ ᠯᠤᠩᠬᠤᠨ ᠲᠤᠭᠤᠷᠤᠤ ᠲᠣᠣᠭᠠᠷᠬᠣ ᠨᠢ ᠰᠠᠢᠬᠠᠨ
ᠬᠦᠳ᠋ᠡᠭᠡ ᠴᠠᠢᠳ᠋ᠠᠮ ᠳᠤ ᠪᠣᠷᠣᠭᠠᠰᠢᠬᠣ ᠰᠠᠢᠬᠠᠨ
ᠠᠨᠢᠷᠬᠠᠨ ᠠᠬᠣᠢ ᠳᠤ ᠴᠡᠴᠡᠭ᠌ ᠲᠣᠬᠢᠬᠣ ᠰᠠᠢᠬᠠᠨ
ᠠᠭᠠᠳ᠋ᠠᠷ ᠤᠨ ᠡᠮᠦᠨᠡᠬᠢ ᠪᠠᠢᠳ᠋ᠠᠯ ᠰᠠᠢᠬᠠᠨ

ᠲᠣᠭᠣᠨᠣ ᠪᠠᠷ ᠰᠠᠷᠠ ᠭᠡᠷᠡᠯᠳ᠋ᠦᠬᠦ ᠰᠠᠢᠬᠠᠨ
ᠲᠣᠭᠣᠭ᠎᠎ᠠ ᠲᠡᠢ ᠰᠦᠨ ᠳᠤ ᠲᠣᠰᠬᠣ ᠰᠠᠢᠬᠠᠨ
ᠰᠦᠨᠢ ᠣᠷᠣᠢ ᠰᠠᠷᠠ ᠭᠠᠷᠬᠣ ᠰᠠᠢᠬᠠᠨ
ᠴᠢᠳ᠋ᠦᠷ ᠲᠡᠢ ᠮᠣᠷᠢᠳ ᠲᠣᠷᠬᠢᠯᠠᠬᠣ ᠰᠠᠢᠬᠠᠨ

ᠰᠢᠪᠡᠷᠡᠨ ᠰᠢᠪᠡᠷᠡᠨ ᠪᠣᠷᠣᠭ᠎᠎ᠠ ᠣᠷᠣᠬᠣ ᠨᠢ ᠰᠠᠢᠬᠠᠨ
ᠰᠢᠷᠢᠭ᠌ ᠵᠦ᠋ᠯᠭᠡ ᠨᠣᠭᠣᠭᠠᠷᠠᠬᠣ ᠨᠢ ᠰᠠᠢᠬᠠᠨ
ᠵᠡᠭᠦᠨ ᠡᠮᠦᠨ᠎᠎ᠡ ᠰᠣᠯᠣᠩᠭ᠎ᠠ ᠲᠠᠳ᠋ᠠᠬᠣ ᠰᠠᠢᠬᠠᠨ
ᠵᠦ᠋ᠰᠡ ᠪᠣᠷᠣᠭ᠎᠎ᠠ ᠭᠡᠷᠡᠯᠳ᠋ᠦᠬᠦ ᠰᠠᠢᠬᠠᠨ

ᠬᠡᠬᠡᠨ ᠪᠣᠷᠣᠭᠠᠨ ᠦ ᠣᠰᠣ ᠶᠢ ᠲᠣᠰᠬᠣ ᠰᠠᠢᠬᠠᠨ
ᠭᠡᠵᠢᠭᠡ ᠦᠰᠦ ᠪᠠᠨ ᠬᠡᠣᠬᠡᠨ ᠨᠣᠬᠥᠣᠨ ᠣᠬᠢᠶᠠᠬᠣ ᠰᠠᠢᠬᠠᠨ
ᠠᠬᠢ ᠬᠦᠮᠡᠯᠢ ᠶᠢᠨ ᠦᠨᠦᠷ ᠰᠡᠡᠭᠭᠢᠨᠡᠬᠦ ᠨᠢ ᠰᠠᠢᠬᠠᠨ
ᠠᠶᠠᠰᠬᠠᠨ ᠪᠣᠳ᠋ᠣᠯ ᠬᠣᠯᠠ ᠦᠢᠷ᠎ᠡ ᠶᠢ ᠰᠠᠨᠠᠬᠣ ᠰᠠᠢᠬᠠᠨ

ᠦᠳ᠋ᠡᠰᠢ ᠶᠢᠨ ᠪᠦᠷᠦᠢ ᠪᠠᠷ ᠢᠷᠡᠬᠦ ᠰᠠᠢᠬᠠᠨ
ᠦᠣᠷ ᠤᠨ ᠬᠡᠬᠡ ᠪᠠᠷ ᠶᠠᠪᠣᠬᠣ ᠰᠠᠢᠬᠠᠨ
ᠦᠩᠭᠡᠲᠦ ᠲᠡᠯᠡᠬᠡᠢ ᠨᠢ ᠣᠶᠠᠷᠠᠨ ᠣᠬᠢᠯᠠᠮᠠᠷ ᠰᠠᠢᠬᠠᠨ
ᠦᠷᠭᠡᠨ ᠬᠣᠷᠸ᠎ᠠ ᠨᠢ ᠲᠠᠭᠣᠯᠠᠨ ᠵᠢᠷᠭᠠᠮᠠᠷ ᠰᠠᠢᠬᠠᠨ

ᠡᠭᠡ ᠨᠣᠳ᠋ᠣᠭ ᠮᠢᠨᠢ ᠰᠢᠯᠦᠭ᠌ ᠰᠢᠭ᠌ ᠰᠠᠢᠬᠠᠨ
ᠡᠬᠡ ᠣᠷᠣᠨ ᠮᠢᠨᠢ ᠳᠠᠭᠤᠤ ᠰᠢᠭ᠋ ᠰᠠᠢᠬᠠᠨ
ᠡᠷᠭᠢᠬᠦ ᠲᠦ᠋ᠷᠪᠡᠨ ᠴᠠᠭ  ᠲᠤ ᠠᠮᠢᠳ᠋ᠦ ᠶᠠᠪᠣᠬᠣ ᠰᠠᠢᠬᠠᠨ
ᠡᠷᠢᠶᠠᠨᠴᠠᠪ  ᠲᠤ ᠪᠣᠷᠣᠭᠠᠨ ᠣᠷᠣᠬᠣ ᠨᠢ ᠰᠠᠢᠬᠠᠨ

ᠦᠷᠯᠦᠭᠡ ᠪᠣᠰᠬᠣ ᠳᠤ ᠴᠠᠰᠣ ᠣᠷᠣᠭᠰᠠᠨ ᠪᠠ᠍ᠢ᠍ᠢᠠᠠᠣᠨᠢ ᠰᠠᠢᠬᠠᠨ
ᠡᠷᠦᠭᠡᠨ ᠦ ᠣᠭᠣᠰᠣᠷ ᠲᠠᠶᠠᠯᠠᠬᠣ ᠳᠤ ᠲᠣᠭᠣᠨᠣ ᠪᠠᠷ ᠴᠠᠰᠣ ᠤᠨᠠᠬᠤ ᠰᠠᠢᠬᠠᠨ
ᠭᠠᠳ᠋ᠠᠭ᠎᠎ᠠ ᠠᠭᠣᠯᠠ ᠲᠣᠯᠣᠭᠠᠳ ᠭᠢᠯᠪᠠᠯᠵᠠᠬᠣ ᠨᠢ ᠰᠠᠢᠬᠠᠨ
ᠭᠠᠭᠴᠠ ᠨᠢᠭᠡ ᠡᠪᠡᠰᠣ ᠰᠠᠯᠬᠢᠨ ᠳᠤ ᠰᠡᠪᠡᠭᠡᠨᠡᠬᠦ ᠰᠠᠢᠬᠠᠨ
 
ᠦᠳ᠋ᠡᠰᠢ ᠣᠷᠣᠢ ᠠᠢᠯ ᠤᠨ ᠭᠡᠷᠡᠯ ᠬᠠᠷᠠᠭᠳ᠋ᠠᠬᠣ ᠰᠠᠢᠬᠠᠨ
ᠦᠷᠢᠶ᠎᠎ᠡ ᠮᠣᠷᠢᠨ ᠦ ᠬᠦᠯ  ᠬᠦᠩᠭᠡᠷᠡᠬᠦ ᠰᠠᠢᠬᠠᠨ
ᠬᠣᠨᠣᠬᠣ ᠠᠢᠯ ᠳᠤ ᠦᠶ᠎᠎ᠡ ᠶᠢᠨ ᠪᠦᠰᠡᠬᠦᠢ ᠪᠠᠢᠬᠣ ᠰᠠᠢᠬᠠᠨ
ᠬᠣᠳ᠋ᠠᠴᠢ ᠨᠣᠬᠠᠢ ᠰᠡᠷᠡᠨ ᠦ ᠭᠡᠷᠡᠯ ᠳᠤ ᠬᠣᠴᠠᠬᠣ ᠰᠠᠢᠬᠠᠨ

ᠲᠣᠭᠣᠨᠣ ᠪᠠᠷ ᠴᠠᠰᠣ ᠪᠣᠳ᠋ᠠᠷᠠᠨ ᠣᠷᠣᠬᠣ ᠨᠢ ᠰᠠᠢᠬᠠᠨ
ᠲᠣᠭᠣᠭᠠᠨ ᠦ ᠲᠠᠭ ᠤ᠋ᠨ ᠲᠡᠭᠡᠷ᠎ᠡ ᠣᠨᠠᠭᠠᠳ ᠬᠠᠢᠯᠬᠣ ᠨᠢ ᠰᠠᠢᠬᠠᠨ
ᠭᠡᠷ ᠤᠨ ᠬᠣᠢᠮᠣᠷ᠎
 ᠲᠤ ᠠᠪᠣ ᠰᠠᠭᠣᠬᠣ ᠰᠠᠢᠬᠠᠨ
ᠭᠡᠷᠡᠯ ᠲᠡᠢ ᠡᠭᠦᠳ᠋ᠡ ᠪᠠᠷ ᠡᠵᠢ ᠣᠷᠣᠵᠣ ᠢᠷᠡᠬᠦ ᠰᠠᠢᠬᠠᠨ

ᠬᠦᠳ᠋ᠦᠯ ᠤᠨ ᠣᠷᠣᠢ ᠳᠤ ᠨᠠᠷᠠ ᠲᠣᠰᠬᠣ ᠰᠠᠢᠬᠠᠨ
ᠬᠦᠰᠭᠡ ᠲᠡᠷᠭᠡ ᠭᠠᠷᠴᠣ ᠢᠷᠡᠬᠦ ᠰᠠᠢᠬᠠᠨ
ᠲᠡᠷᠭᠡᠨ ᠦ ᠲᠣᠭᠣᠢ ᠴᠠᠷᠬᠢᠷᠠᠨ ᠴᠣᠠᠠᠣᠷ᠍ᠢᠨ ᠡᠷᠭᠢᠬᠦ ᠰᠠᠢᠬᠠᠨ
ᠲᠡᠷᠭᠡᠨ ᠲᠣᠣᠷ᠎ᠠ ᠠ᠋ᠴᠠ ᠰᠢᠪᠡᠭᠣ ᠨᠢᠰᠬᠦ ᠰᠠᠢᠬᠠᠨ

ᠲᠡᠭᠷᠢ ᠪᠤᠳᠠᠩᠬᠤᠢᠷᠠᠵᠤ ᠰᠣᠳ᠋ᠠᠢᠬᠣ ᠨᠢ ᠰᠠᠢᠬᠠᠨ
ᠲᠡᠷᠳ᠋ᠡᠭᠡ ᠬᠣᠯᠠ ᠶᠢᠨ ᠶᠠᠭᠣᠮ᠎ᠠ ᠦᠵᠡᠭᠳᠡᠬᠦ ᠲᠡᠢ ᠦᠭᠡᠢ ᠲᠡᠢ ᠰᠠᠢᠬᠠᠨ
ᠰᠠᠯᠬᠢ ᠡᠷᠭᠢᠵᠦ ᠣᠳ᠋ᠣᠭ᠎᠎ᠠ ᠬᠣᠢᠷᠬᠢᠨᠠᠬᠣ ᠰᠠᠢᠬᠠᠨ
ᠴᠠᠰᠣ ᠡᠷᠭᠢᠯᠳ᠋ᠣᠨ ᠡᠷᠭᠢᠯᠳ᠋ᠣᠨ ᠮᠠᠯᠠᠭᠠᠢᠯᠠᠬᠣ ᠰᠠᠢᠬᠠᠨ

ᠵᠣᠣᠬᠠᠨ ᠦ ᠭᠠᠯ ᠳᠤ ᠨᠣᠵᠣᠭᠣᠷᠠᠨ ᠨᠣᠢᠷ ᠬᠦᠷᠬᠦ ᠨᠢ ᠰᠠᠢᠬᠠᠨ
ᠵᠣᠨ ᠦ ᠣᠷᠣᠢ ᠰᠣᠭᠳ᠋ᠣᠭᠣ ᠪᠠᠢᠵᠣ ᠲᠡᠷᠡᠭᠡᠨ ᠵᠠᠭᠣᠷ᠎ᠠ ᠵᠡᠭᠦᠷᠮᠡᠭᠯᠡᠬᠦ ᠰᠠᠢᠬᠠᠨ
ᠬᠡᠨ ᠴᠡᠢ ᠣᠣᠭᠣ ᠭᠡᠬᠦ ᠪᠦᠳ᠋ᠡᠬᠢ ᠪᠠᠳᠠᠬᠣ ᠦᠭᠡ ᠲᠣᠭᠣᠯᠳ᠋ᠠᠠᠠᠣ ᠨᠢ ᠰᠠᠢᠬᠠᠨ
ᠬᠡᠨ ᠭᠣᠸᠠᠢ ᠨᠢ ᠬᠡᠵᠦ ᠭᠠᠷ ᠠ᠋ᠴᠠ ᠵᠦ᠋ᠭᠡᠯᠡᠨ ᠵᠦ᠋ᠭᠡᠯᠡᠨ ᠠᠳᠬᠣᠬᠣ ᠨᠢ ᠰᠠᠢᠬᠠᠨ

ᠴᠠᠢᠳ᠋ᠠᠮ ᠬᠣᠭᠣᠯᠠᠢ ᠴᠠᠢᠪᠠᠯᠵᠠᠵᠣ ᠴᠠᠩᠬᠡᠷᠳ᠋ᠣᠬᠥ ᠰᠠᠢᠬᠠᠨ
ᠴᠠᠭᠠᠳ᠋ᠣ ᠠᠭᠣᠯᠠᠰ ᠬᠢᠯᠠᠰ ᠬᠢᠯᠠᠰᠬᠢᠨ ᠬᠠᠷᠠᠭᠳ᠋ᠠᠬᠣ ᠨᠢ ᠰᠠᠢᠬᠠᠨ
ᠴᠠᠰᠣ ᠰᠢᠭᠣᠷᠴᠣ ᠲᠣᠭᠳ᠋ᠠᠭᠣᠨ ᠬᠢᠯᠪᠠᠰ ᠬᠢᠯᠪᠠᠰᠬᠢᠬᠦ ᠰᠠᠢᠬᠠᠨ
ᠴᠠᠭᠠᠨ ᠡᠳ᠋ᠦᠷ ᠮᠡᠯᠳ᠋ᠡᠰ ᠮᠡᠯᠳ᠋ᠡᠰᠬᠢᠬᠦ ᠰᠠᠢᠬᠠᠨ

ᠣᠳ᠋ᠣᠳ ᠲᠣᠳ᠋ᠣᠷᠠᠬᠣ ᠨᠢ ᠰᠠᠷᠠᠨ ᠦ ᠣᠢᠷᠠᠯᠴᠠᠭ᠎᠎ᠠ ᠢᠯᠡᠭᠦᠦ ᠰᠠᠢᠬᠠᠨ
ᠣᠩᠭᠣᠨ ᠲᠠᠯ᠎ᠠ ᠳᠤ ᠠᠳ᠋ᠣᠭᠣ ᠮᠢᠨᠢ ᠪᠠᠢᠬᠣ ᠰᠢᠭ᠋ ᠰᠠᠢᠬᠠᠨ
ᠣᠨ ᠴᠠᠭ ᠤᠨ ᠭᠣᠷᠪᠠᠨ ᠮᠡᠷᠡᠯ ᠪᠣᠳ᠋ᠣᠯ ᠵᠦᠡᠭᠨᠡᠬᠦ ᠰᠠᠢᠬᠠᠨ
ᠣᠨᠳ᠋ᠣᠣ ᠭᠠᠷᠠᠭ ᠤᠨ ᠬᠦᠯᠦᠭ᠌ ᠢᠷᠠᠵᠦ ᠶᠠᠪᠣᠬᠣ ᠰᠢᠭ᠋ ᠰᠠᠢᠬᠠᠨ

ᠴᠠᠰᠣ ᠣᠷᠣᠨ ᠣᠷᠣᠨ ᠯᠠᠪᠰᠠᠬᠣ ᠨᠢ ᠰᠠᠢᠬᠠᠨ
ᠴᠠᠭ ᠡᠷᠭᠢᠵᠦ ᠢᠷᠡᠬᠦ ᠰᠠᠢᠬᠠᠨ
ᠴᠢᠷᠠᠢᠯᠢᠭᠬᠠᠨ ᠴᠢᠮᠠᠶ᠋ᠢ ᠪᠠᠨ ᠨᠠᠮᠠᠶ᠋ᠢ ᠲᠣᠭᠣᠭ᠎᠎ᠠ ᠦᠭᠡᠢ ᠶᠢ ᠲᠣᠭᠣᠭᠰᠠᠨ ᠬᠡᠵᠦ ᠪᠣᠳ᠋ᠣᠬᠣ ᠰᠠᠢᠬᠠᠨ
ᠴᠠᠭ ᠭᠡᠷ ᠲᠤ ᠴᠣᠬᠢᠭᠰᠠᠭᠠᠷ ᠪᠠᠢᠬᠣ ᠨᠢ ᠰᠠᠢᠬᠠᠨ

ᠲᠡᠷᠭᠡᠯ ᠰᠠᠷᠠ ᠲᠡᠢ ᠰᠦᠨᠢ ᠭᠠᠳ᠋ᠠᠭ᠎᠎ᠠ ᠵᠣᠭᠰᠣᠬᠣ ᠰᠠᠢᠬᠠᠨ
ᠲᠡᠷᠭᠡᠨ ᠲᠡᠭᠡᠷ᠎ᠡ ᠬᠣᠷᠢᠶᠠᠭᠰᠠᠨ ᠪᠠᠷᠠᠭ᠎᠎ᠠ ᠰᠦᠭᠯᠡᠢᠬᠦ ᠰᠠᠢᠬᠠᠨ
ᠲᠡᠷᠳ᠋ᠡᠭᠡᠬᠢ ᠬᠦᠨᠳ᠋ᠡᠢ ᠴᠠᠢᠪᠣᠷᠳ᠋ᠡᠵᠦ ᠰᠡᠭᠦᠳ᠋ᠡᠷᠳ᠋ᠡᠬᠦ ᠨᠢ ᠰᠠᠢᠬᠠᠨ
ᠲᠡᠢᠰᠢ ᠪᠠᠨ ᠣᠴᠢᠮᠡᠷ  ᠦᠭᠡᠢ ᠠᠶᠣᠮᠠᠷ  ᠰᠠᠨᠠᠭᠳᠠᠬᠣ  ᠨᠢ ᠰᠠᠢᠬᠠᠨ

ᠶᠠᠪᠠᠭᠠᠨ ᠰᠢᠭᠣᠷᠭ᠎᠎ᠠ ᠭᠠᠳ᠋ᠠᠭ᠎᠎ᠠ ᠢᠰᠬᠢᠷᠬᠦ ᠰᠠᠢᠬᠠᠨ
ᠶᠡᠨᠳ᠋ᠦᠡᠭ᠌ ᠶᠤᠮ ᠦᠦ ᠨᠢᠭᠡ ᠶᠠᠭᠣᠮ᠎ᠠ ᠬᠠᠮᠢᠭ᠎᠎ᠠ ᠨᠢᠭᠡᠳ᠋ᠡᠢ ᠲᠡᠷ ᠲᠡᠷᠬᠢᠬᠦ ᠰᠠᠢᠬᠠᠨ
ᠭᠡᠨᠡᠳᠲᠡ ᠭᠡᠨᠡᠳᠬᠢᠨ ᠨᠢᠳ᠋ᠦ ᠦᠭᠡᠢᠯᠡᠨ ᠬᠠᠷᠠᠩᠭᠤᠢᠯᠠᠬᠤ ᠨᠢ ᠰᠠᠢᠬᠠᠨ
ᠭᠡᠷ ᠤᠨ ᠬᠠᠶᠠᠭ᠎᠎ᠠ ᠪᠠᠷ ᠴᠠᠰᠣ ᠬᠣᠩᠭᠠᠷᠯᠠᠠᠠᠣ ᠰᠠᠢᠬᠠᠨ

ᠠᠢᠯ ᠤᠨ ᠭᠡᠷ ᠠ᠋ᠴᠠ ᠬᠦᠮᠦᠰ ᠭᠠᠷᠴᠠᠭᠠᠬᠣ ᠰᠠᠢᠬᠠᠨ
ᠠᠷᠢᠯᠣᠭᠰᠠᠨ ᠲᠡᠭᠷᠢ ᠳᠤ ᠰᠢᠪᠠᠭᠣ ᠨᠢᠰᠬᠦ ᠰᠠᠢᠬᠠᠨ
ᠠᠭᠣᠯᠠ ᠲᠠᠯ᠎ᠠ ᠣᠷᠣᠭᠣ ᠭᠦᠶᠦᠬᠦ ᠰᠠᠢᠬᠠᠨ
ᠣᠯᠠᠭᠠᠨ ᠬᠠᠴᠠᠷ ᠲᠡᠢ ᠬᠡᠣᠬᠡᠳ ᠤᠳ ᠲᠣᠭᠯᠠᠬᠣ ᠰᠠᠢᠬᠠᠨ

ᠦᠳ᠋ᠡᠰᠢ ᠶᠢᠨ ᠪᠦᠷᠦᠢ ᠪᠠᠷ ᠢᠷᠠᠬᠦ ᠰᠠᠢᠬᠠᠨ
ᠦᠣᠷ ᠤᠨ ᠬᠡᠬᠡ ᠪᠠᠷ ᠶᠠᠪᠣᠬᠣ ᠰᠢᠠᠬᠠᠨ
ᠦᠩᠭᠡᠲᠦ ᠲᠡᠯᠡᠬᠡᠢ ᠨᠢ ᠣᠶᠠᠷᠠᠨ ᠣᠬᠢᠯᠠᠮᠠᠷ ᠰᠠᠢᠬᠠᠨ
ᠦᠷᠭᠡᠨ  ᠬᠣᠷᠸ᠎ᠠ ᠨᠢ ᠲᠠᠭᠣᠯᠠᠨ ᠵᠢᠷᠭᠠᠮᠠᠷ ᠰᠠᠢᠬᠠᠨ

ᠡᠭᠡ ᠨᠣᠳ᠋ᠣᠭ ᠮᠢᠨᠢ ᠰᠢᠯᠦᠭ᠌ ᠰᠢᠭ᠌ ᠰᠠᠢᠬᠠᠨ
ᠡᠭᠡ ᠣᠷᠣᠨ ᠮᠢᠨᠢ ᠲᠠᠭᠣᠣ ᠰᠢᠭ᠋ ᠰᠠᠢᠬᠠᠨ
ᠡᠷᠬᠢᠬᠦ ᠲᠦ᠋ᠷᠪᠡᠨ ᠴᠠᠭ ᠲᠤ ᠠᠮᠢᠳ᠋ᠣ ᠶᠠᠪᠣᠬᠣ ᠰᠠᠢᠬᠠᠨ
ᠡᠷᠢᠨᠴᠠᠪ
 ᠲᠤ ᠴᠠᠰᠣ ᠣᠷᠣᠬᠣ ᠨᠢ ᠰᠠᠢᠬᠠᠨ

ᠴᠠᠰᠣ ᠬᠠᠢᠯᠵᠣ ᠬᠠᠠᠵᠠᠷᠠᠠᠠᠣ ᠨᠢ ᠰᠠᠢᠬᠠᠨ
ᠴᠠᠭ ᠢᠷᠡᠬᠦ ᠰᠠᠢᠬᠠᠨ
ᠴᠢᠮ᠎ᠠ ᠶ᠋ᠢ ᠬᠦᠯᠢᠶᠡᠬᠦ ᠰᠠᠢᠬᠠᠨ
ᠴᠠᠭ ᠬᠠᠷᠠᠬᠣ ᠰᠠᠢᠬᠠᠨ

ᠰᠢᠪᠠᠭᠣ ᠢᠷᠡᠭᠡᠳ ᠪᠠᠭᠣᠵᠣ ᠰᠠᠭᠣᠬᠣ ᠰᠠᠢᠬᠠᠨ
ᠴᠢᠯᠠᠭᠣ ᠲᠡᠭᠡᠷ᠎ᠡ ᠰᠠᠭᠣᠭᠠᠳ ᠨᠢᠰᠬᠦ ᠰᠠᠢᠬᠠᠨ
ᠬᠠᠷᠭᠣᠢ ᠵᠠᠮ  ᠢ᠋ᠢᠠᠷ ᠬᠦᠮᠦᠨ ᠶᠠᠪᠣᠬᠣ ᠰᠠᠢᠬᠠᠨ
ᠬᠠᠳ᠋ᠠᠨ ᠲᠡᠭᠡᠷ᠎ᠡ ᠪᠢ ᠰᠠᠭᠣᠬᠣ ᠰᠠᠢᠬᠠᠨ

ᠠᠢᠯ ᠤᠨ  ᠪᠦᠰᠡᠬᠦᠢ ᠣᠰᠣᠨ ᠳᠤ ᠶᠠᠪᠣᠬᠣ ᠰᠠᠢᠬᠠᠨ
ᠠᠷᠣ ᠶᠢᠨ ᠪᠣᠯᠠᠭ ᠣᠷᠣᠭᠣ ᠲᠣᠷᠠᠨᠳ᠋ᠠᠬᠣ ᠰᠠᠢᠬᠠᠨ
ᠴᠡᠩᠬᠡᠷ ᠵᠡᠷᠭᠡᠯᠭᠡ ᠰᠦᠮᠡᠯᠵᠡᠬᠦ ᠰᠠᠢᠬᠠᠨ
ᠴᠡᠩᠬᠡᠷ ᠲᠠᠪᠠᠯ ᠴᠢᠮ᠎ᠡ ᠳᠤ ᠵᠣᠬᠢᠬᠣ ᠨᠢ ᠰᠠᠢᠬᠠᠨ

ᠲᠣᠯᠣᠭᠠᠳ ᠤᠨ ᠣᠷᠣᠢ ᠵᠠᠷᠬᠡᠯᠬᠡᠠᠳ᠋ᠣᠬᠥ ᠰᠠᠢᠬᠠᠨ
ᠲᠣᠷᠭᠠᠨ ᠰᠡᠯᠬᠢ ᠰᠡᠪᠡᠯᠵᠡᠬᠦ ᠰᠠᠢᠬᠠᠨ
ᠬᠦᠭᠡ ᠨᠣᠭᠣᠭᠠᠨ ᠦ ᠣᠨᠢᠶᠠᠷ ᠲᠠᠳ᠋ᠠᠬᠣ ᠰᠠᠢᠬᠠᠨ
ᠬᠦᠬᠡ ᠮᠠᠨᠠᠨ ᠳᠤ ᠨᠢ ᠣᠷᠢᠶᠠᠯᠭᠠᠨ ᠰᠠᠭᠣᠬᠣ ᠰᠠᠢᠬᠠᠨ

ᠠᠮᠣᠭᠣᠯᠠᠡᠭ᠌ ᠰᠦᠨᠢ ᠨᠣᠢᠷ ᠬᠣᠯᠵᠢᠬᠣ ᠰᠠᠢᠬᠠᠨ
ᠠᠯᠣᠰ ᠤᠨ ᠴᠢᠮᠡᠭᠡ ᠠᠨᠢᠷᠯᠠᠬᠣ ᠰᠠᠢᠬᠠᠨ
ᠪᠦᠣᠷ ᠲᠦᠣᠷ ᠬᠣᠯᠠ ᠳᠤ ᠨᠢᠭᠡ ᠶᠠᠭᠣᠮ᠎ᠠ ᠵᠢᠡᠭᠭᠢᠨᠡᠬᠦ ᠰᠠᠢᠬᠠᠨ
ᠪᠦᠣᠪᠠᠢ ᠪᠦᠣᠪᠠᠢ ᠬᠣᠷᠸ᠎ᠠ ᠰᠠᠢᠬᠠᠨ

ᠬᠡᠨ ᠨᠢᠭᠡᠨ ᠢᠷᠡᠭᠡᠳ ᠶᠠᠪᠣᠬᠣ ᠰᠠᠢᠬᠠᠨ
ᠬᠡᠷᠡᠭ᠌ ᠪᠣᠯᠭᠠᠵᠣ ᠨᠠᠳ᠋ᠠ ᠠ᠋ᠴᠠ ᠭᠠᠯ ᠪᠠᠢᠨ᠎᠎ᠠ ᠦᠦ ᠬᠡᠬᠦ ᠰᠠᠢᠬᠠᠨ
ᠶᠢᠷᠳ᠋ᠢᠨᠴᠦ ᠶᠢ ᠠᠷᠭᠠᠳ᠋ᠠᠬᠣ ᠬᠢᠭᠡᠳ ᠪᠣᠰᠣᠳ ᠢ ᠪᠣᠳ᠋ᠣᠬᠣ ᠰᠠᠢᠬᠠᠨ
ᠶᠠᠭᠣᠮ᠎ᠠ ᠪᠦᠬᠦᠨ ᠶᠢ ᠬᠠᠢᠷᠠᠯᠠᠬᠣ ᠰᠠᠢᠬᠠᠨ

ᠰᠦᠨᠢ ᠲᠦᠷᠢᠵᠦ ᠂ ᠭᠣᠣᠯ ᠮᠦᠷᠡᠨ ᠣᠷᠣᠰᠬᠣ ᠨᠢ ᠰᠠᠢᠬᠠᠨ
ᠴᠦᠮᠦᠷᠡᠪᠡᠯ ᠪᠢ ᠴᠤ᠌ ᠪᠠᠰᠠ ᠣᠷᠣᠰᠣᠨ᠎᠎ᠠ ᠳ᠋ᠠ ᠬᠡᠵᠦ ᠪᠣᠳ᠋ᠣᠬᠣ ᠰᠠᠢᠬᠠᠨ
ᠦᠷᠯᠦᠭᠡ ᠭᠣᠣᠯ ᠤᠨ ᠡᠷᠭᠢ ᠳᠤ ᠭᠠᠭᠴᠠᠭᠠᠷᠬᠠᠨ ᠰᠠᠢᠬᠠᠨ
ᠣᠷᠣᠢ ᠭᠣᠣᠯ ᠤᠨ ᠬᠦᠪᠡᠭᠡᠨ ᠳᠤ ᠴᠢᠮ᠎ᠡ ᠲᠡᠢ ᠪᠠᠨ ᠰᠠᠢᠬᠠᠨ

ᠬᠠᠰᠢᠶ᠎᠎ᠡ ᠲᠡᠷᠭᠡᠨ ᠲᠡᠭᠡᠷ᠎ᠡ ᠱᠠᠭᠠᠵᠠᠭᠠᠢ ᠦᠬᠦᠯᠡᠬᠦ ᠰᠠᠢᠬᠠᠨ
ᠬᠠᠮᠢᠭ᠎᠎ᠠ ᠠ᠋ᠴᠠ ᠬᠡᠨ ᠢᠷᠡᠬᠦ ᠨᠢ ᠵᠦᠡᠭ ᠰᠢᠭ᠌ ᠰᠠᠢᠬᠠᠨ
ᠲᠦᠷᠪᠡᠨ ᠵᠦᠭ ᠠ᠋ᠴᠠ ᠣᠷᠣᠭ ᠰᠠᠳ᠋ᠣᠨ ᠢᠷᠡᠬᠦ ᠨᠢ ᠰᠠᠢᠬᠠᠨ
ᠲᠦᠲᠡ ᠶᠢᠨ ᠵᠠᠮ  ᠢᠶᠡᠷ ᠬᠠᠨᠢ ᠨᠦᠬᠦᠳ ᠢᠷᠡᠬᠦ ᠨᠢ ᠰᠠᠢᠬᠠᠨ

ᠴᠡᠩᠬᠡᠷᠯᠡᠵᠤ ᠨᠣᠳ᠋ᠣᠭ ᠤᠨ ᠪᠠᠷ᠎ᠠ ᠬᠠᠷᠠᠭᠳ᠋ᠠᠬᠣ ᠨᠢ ᠰᠠᠢᠬᠠᠨ
ᠴᠡᠯᠡᠯᠵᠡᠵᠦ ᠨᠢᠳ᠋ᠣᠨ ᠦ ᠨᠢᠯᠪᠣᠰᠣ ᠭᠠᠷᠬᠣ ᠰᠠᠢᠬᠠᠨ
ᠲᠦᠷᠦᠭᠡᠨ ᠲᠡᠭᠡᠷ᠎ᠡ ᠦᠨᠳ᠋ᠡᠢᠭᠡᠳ ᠢᠰᠭᠡᠷᠦᠨ ᠲᠠᠪᠬᠢᠬᠣ ᠰᠠᠢᠬᠠᠨ
ᠲᠦᠷᠪᠡᠨ ᠲᠣᠭᠣᠷᠠᠢ ᠶᠢᠨ ᠬᠣᠭᠣᠷᠣᠨᠳ᠋ᠣ ᠰᠢᠪᠠᠭᠣ ᠨᠢᠰᠬᠦ ᠰᠠᠢᠬᠠᠨ

ᠬᠠᠪᠣᠷ  ᠤ᠋ᠨ ᠥᠷᠯᠦᠭᠡ ᠡᠷᠳ᠋ᠡ ᠪᠣᠰᠬᠣ ᠰᠠᠢᠬᠠᠨ
ᠬᠠᠵᠠᠭᠠᠷ ᠠᠪᠣᠭᠠᠳ ᠮᠣᠷᠢᠨ ᠳᠤ ᠶᠠᠪᠣᠬᠣ ᠰᠠᠢᠬᠠᠨ
ᠰᠡᠷᠢᠭᠦᠨ ᠴᠠᠰᠣ  ᠦᠨᠦᠷᠳᠡᠬᠦ ᠨᠢ ᠰᠠᠢᠬᠠᠨ
ᠰᠡᠮᠡᠵᠡᠨ ᠮᠦ᠋ᠰᠦᠨ ᠠ᠋ᠴᠠ ᠨᠢ ᠬᠥᠯᠬᠥᠬᠥ ᠰᠠᠢᠬᠠᠨ

ᠣᠨ ᠣᠨ ᠵᠢᠯ ᠬᠦᠳ᠋ᠡᠭᠡ ᠰᠠᠭᠣᠬᠣ ᠰᠠᠢᠬᠠᠨ
ᠣᠳ᠋ᠣ ᠮᠡᠳ᠋ᠣ ᠬᠦᠬᠡ ᠲᠠᠡᠭ᠌ ᠰᠠᠭᠣᠴᠠᠨ ᠳᠤ ᠠᠮᠢᠳ᠋ᠣᠷᠠᠬᠣ ᠰᠠᠢᠬᠠᠨ
ᠲᠡᠭᠡᠷ᠎ᠡ ᠶᠠᠪᠣᠭ᠎᠎ᠠ ᠰᠠᠨᠰᠠᠷ ᠤᠨ ᠬᠦᠯᠦᠭ᠌ ᠡᠷᠬᠢᠵᠦ ᠢᠷᠡᠵᠦ ᠰᠠᠢᠬᠠᠨ
ᠲᠡᠭᠡᠪᠣᠷ ᠤᠨ ᠴᠠᠰᠣ ᠬᠠᠢᠯᠵᠦ ᠶᠠᠡᠭᠵᠣᠣᠷ ᠤᠨ ᠴᠣᠭ ᠲᠡᠭᠡᠷ᠎ᠡ ᠲᠣᠰᠬᠣ ᠰᠠᠢᠬᠠᠨ

ᠣᠷᠭᠣᠮᠠᠯ ᠴᠡᠴᠡᠭ᠌ ᠣᠷᠭᠣᠵᠣ ᠨᠣᠭᠣᠭᠠᠷᠠᠬᠣ ᠨᠢ ᠰᠠᠢᠬᠠᠨ
ᠣᠳ᠋ᠠᠰᠣᠨ ᠦ ᠮᠣᠳ᠋ᠣ ᠬᠦᠬᠡᠷᠡᠵᠦ ᠭᠠᠩᠳᠠᠬᠤ ᠨᠢ ᠰᠠᠢᠬᠠᠨ
ᠣᠨ ᠵᠢᠯ  ᠦᠳ ᠢᠷᠡᠬᠦ ᠰᠠᠢᠬᠠᠨ
ᠣᠨ ᠵᠢᠯ  ᠦᠳ ᠣᠳᠬᠣ ᠰᠠᠢᠬᠠᠨ

ᠦᠳ᠋ᠡᠰᠢ ᠶᠢᠨ ᠪᠦᠷᠦᠢ ᠪᠠᠷ ᠢᠷᠡᠬᠦ ᠰᠠᠢᠬᠠᠨ
ᠦᠣᠷ ᠤᠨ ᠬᠡᠬᠡ  ᠢᠶᠡᠷ  ᠶᠠᠪᠣᠬᠣ ᠰᠠᠢᠬᠠᠨ

ᠦᠩᠭᠡᠲᠦ ᠲᠡᠯᠡᠬᠡᠢ ᠨᠢ ᠣᠶᠠᠷᠠᠨ ᠣᠬᠢᠯᠠᠮᠠᠷ ᠰᠠᠢᠬᠠᠨ

ᠦᠷᠭᠡᠨ ᠬᠣᠷᠸ᠎ᠠ ᠨᠢ ᠲᠠᠭᠣᠯᠠᠨ ᠵᠢᠷᠭᠠᠮᠠᠷ ᠰᠠᠢᠬᠠᠨ

ᠡᠭᠡ ᠨᠣᠳ᠋ᠣᠭ ᠮᠢᠨᠢ ᠰᠢᠯᠦᠭ᠌ ᠰᠢᠭ᠌ ᠰᠠᠢᠬᠠᠨ
ᠡᠭᠡ ᠣᠷᠣᠨ ᠮᠢᠨᠢ ᠲᠠᠭᠣᠣ ᠰᠢᠭ᠋ ᠰᠠᠢᠬᠠᠨ
ᠡᠷᠭᠢᠬᠦ ᠲᠦ᠋ᠷᠪᠡᠨ ᠴᠠᠭ ᠲᠤ ᠠᠮᠢᠳ᠋ᠣ ᠶᠠᠪᠣᠬᠣ ᠰᠠᠢᠬᠠᠨ
ᠡᠷᠢᠶᠠᠨᠴᠠᠪ ᠲᠤ ᠭᠣᠣᠯ ᠣᠷᠣᠰᠬᠣ ᠰᠠᠢᠬᠠᠨ

ᠨᠠᠪᠴᠢ ᠭᠠᠭᠴᠠ ᠨᠢᠭᠡ ᠤᠨᠠᠬᠤ ᠨᠢ ᠰᠠᠢᠬᠠᠨ
ᠨᠠᠷᠠ ᠲᠣᠯᠣᠭᠠᠣᠨ ᠤ᠋ᠨ ᠴᠠᠭᠠᠨ᠎ᠠ ᠠ᠋ᠴᠠ ᠭᠠᠷᠬᠤ ᠰᠠᠢᠬᠠᠨ
ᠰᠡᠪ ᠰᠡᠪ ᠰᠠᠯᠬᠢ ᠡᠭᠦᠰᠬᠦ ᠰᠠᠢᠬᠠᠨ
ᠰᠡᠮ ᠰᠡᠮᠬᠡᠨ ᠬᠤᠢ ᠪᠣᠰᠬᠤ ᠰᠠᠢᠬᠠᠨ

ᠭᠣᠣᠯ ᠮᠢᠷᠠᠯᠵᠠᠨ ᠤᠷᠤᠰᠬᠤ ᠨᠢ ᠰᠠᠢᠬᠠᠨ
ᠭᠠᠭᠴᠠ ᠨᠢᠭᠡ ᠢᠯᠠᠭ᠎᠎ᠠ ᠲᠣᠯᠬᠢᠶᠠᠨ ᠳᠤ ᠨᠢ ᠰᠠᠭᠣᠬᠣ ᠰᠠᠢᠬᠠᠨ
ᠮᠣᠷᠢᠨ ᠦ ᠰᠢᠷ᠎ᠡ ᠬᠣᠮᠣᠯ ᠲᠡᠷᠡᠭᠦᠬᠡᠨ ᠳᠤ ᠬᠦᠪᠬᠦ ᠰᠠᠢᠬᠠᠨ
ᠮᠣᠳ᠋ᠣᠨ ᠲᠡᠷᠭᠡᠨ ᠦ ᠭᠠᠭᠴᠠ ᠢᠯᠠᠤ ᠣᠷᠣᠰᠴᠣ ᠦᠩᠭᠡᠷᠡᠬᠦ ᠰᠠᠢᠬᠠᠨ

ᠬᠣᠯᠠ ᠣᠢᠷ᠎ᠡ ᠶᠢ ᠰᠠᠨᠠᠭᠠᠯᠵᠠᠵᠣ ᠣᠶᠠᠷᠠᠬᠣ ᠰᠠᠢᠬᠠᠨ
ᠬᠣᠳ᠋ᠠ ᠠᠢᠯ ᠠ᠋ᠴᠠ ᠬᠡᠨ ᠨᠢᠭᠡ ᠨᠢ ᠶᠠᠪᠣᠬᠣ ᠳᠤ ᠦᠭᠡ ᠵᠠᠬᠢᠮᠠᠷ ᠰᠠᠢᠬᠠᠨ
ᠲᠣᠷᠣᠯᠵᠠᠬᠣ ᠪᠡᠷ᠎ᠡ ᠶᠢ ᠬᠠᠷᠠᠵᠣ ᠵᠣᠭᠰᠣᠬᠣ ᠰᠠᠢᠬᠠᠨ
ᠲᠣᠷᠭᠠᠨ ᠠᠯᠴᠢᠭᠣᠷ ᠲᠡᠷᠪᠡᠬᠦ ᠰᠠᠢᠬᠠᠨ

ᠰᠠᠮᠠᠵᠠᠨ ᠴᠠᠭᠠᠨ ᠡᠭᠦᠯᠡ ᠨᠡᠭᠦᠬᠦ ᠰᠠᠢᠬᠠᠨ
ᠰᠡᠳᠬᠢᠯ ᠵᠢᠷᠣᠬᠡᠨ ᠲᠣᠮᠳ᠋ᠠᠭᠣᠷ ᠬᠦᠪᠬᠦ ᠰᠠᠢᠬᠠᠨ
ᠰᠢᠪᠡᠷ ᠠᠪᠢᠷ ᠪᠣᠷᠣᠭ᠎᠎ᠠ ᠰᠠᠯᠬᠢᠯᠠᠬᠣ ᠰᠠᠢᠬᠠᠨ
ᠰᠢᠪᠡᠬᠡᠨ ᠲᠣᠯᠣᠭᠠᠢ ᠭᠠᠩᠬᠤᠬᠤ ᠰᠠᠢᠬᠠᠨ

ᠮᠣᠷᠢ ᠲᠡᠢ ᠬᠦᠮᠦᠨ ᠲᠠᠪᠬᠢᠨ ᠣᠳᠬᠣ ᠰᠠᠢᠬᠠᠨ
ᠮᠣᠷᠢᠨ ᠲᠦᠪᠡᠷᠭᠡᠨ ᠲᠣᠭᠣᠯᠳ᠋ᠠᠬᠣ ᠰᠠᠢᠬᠠᠨ
ᠲᠡᠭᠷᠢ ᠶᠢᠨ ᠬᠠᠶᠠᠭ᠎᠎ᠠ ᠶᠢ ᠬᠠᠷᠠᠬᠣ ᠰᠠᠢᠬᠠᠨ
ᠲᠡᠷᠭᠡ ᠬᠦᠰᠭᠡᠨ ᠦ ᠵᠠᠮ ᠵᠣᠷᠠᠢᠬᠣ ᠰᠠᠢᠬᠠᠨ

ᠡᠮᠦᠨ᠎᠎ᠡ ᠵᠦ᠋ᠭ᠌  ᠲᠤ ᠰᠢᠪᠠᠭᠣ ᠨᠢᠰᠬᠦ ᠰᠠᠢᠬᠠᠨ
ᠡᠬᠦᠯᠡᠰ ᠤᠨ ᠲᠣᠮᠳ᠋ᠠ ᠭᠠᠡᠭᠭᠠᠨᠠᠬᠣ ᠰᠠᠢᠬᠠᠨ
ᠨᠡᠷᠡᠨ ᠰᠢᠷᠭᠠᠯᠳ᠋ᠣᠵᠣ ᠲᠣᠭᠣᠷᠢᠭᠳᠠᠬᠣ ᠰᠠᠢᠬᠠᠨ
ᠨᠠᠪᠴᠢᠰ ᠤᠨ ᠰᠢᠷ᠎ᠠ ᠰᠢᠭᠣᠷᠭ᠎᠎ᠠ ᠬᠠᠶᠠᠯᠠᠬᠣ ᠰᠠᠢᠬᠠᠨ

ᠰᠢᠷᠭᠠᠯ ᠪᠣᠷᠣᠭ᠎᠎ᠠ ᠨᠠᠷᠠ ᠲᠡᠢ ᠣᠷᠣᠬᠣ ᠰᠠᠢᠬᠠᠨ
ᠱᠠᠨᠵᠠ ᠶᠠᠳ᠋ᠣᠭ᠎᠎ᠠ ᠶᠢᠨ ᠣᠳ᠋ᠠᠰᠣ ᠪᠣᠢᠯᠠᠬᠣ ᠨᠢ ᠰᠠᠢᠬᠠᠨ
ᠱᠠᠪᠠᠢ ᠲᠦᠷᠦᠭᠰᠡᠨ ᠬᠣᠩᠭᠣᠷᠵᠤᠯᠠ ᠡᠬᠡᠴ᠍ᠢᠷᠬᠡᠬᠥ ᠨᠢ ᠰᠠᠢᠬᠠᠨ
ᠱᠠᠯᠳ᠋ᠠᠷ ᠪᠣᠯᠳ᠋ᠠᠷ ᠲᠡᠭᠦᠦ ᠮᠢᠨᠢ ᠲᠡᠭᠦᠨ ᠢ ᠰᠠᠨᠠᠬᠣ ᠨᠢ ᠰᠠᠢᠬᠠᠨ

ᠭᠠᠡᠭ᠌ ᠵᠢᠵᠢᠣ ᠲᠦᠷᠦᠭᠡ ᠭᠠᠳ᠋ᠠᠭ᠎᠎ᠠ ᠲᠣᠣᠭᠠᠷᠬᠣ ᠰᠠᠢᠬᠠᠨ
ᠭᠠᠡᠭᠭᠠᠡᠭ ᠮᠣᠷᠢ ᠲᠡᠢ ᠬᠦᠮᠦᠨ ᠪᠠᠭᠣᠬᠣ ᠰᠠᠢᠬᠠᠨ
ᠨᠠᠮᠣᠷ ᠤᠨ ᠰᠡᠷ᠎ᠡ ᠶᠢᠨ ᠰᠢᠨ᠎᠎ᠡ ᠶᠢᠨ ᠭᠣᠷᠪᠠᠨ ᠢᠷᠡᠬᠦ ᠰᠠᠢᠬᠠᠨ
ᠨᠠᠮᠣᠭᠣᠨ ᠦᠳ᠋ᠡᠰᠢ ᠠᠷᠭ᠎᠎ᠠ ᠶᠢᠨ ᠲᠣᠭᠠᠨ ᠦ ᠰᠡᠷᠡ ᠭᠠᠷᠬᠣ ᠰᠠᠢᠬᠠᠨ

ᠬᠠᠭᠣᠴᠢ ᠶᠠᠷᠢᠶ᠎᠎ᠡ ᠨᠣᠢᠷ ᠤᠨ ᠲᠣᠮᠳ᠋ᠠ ᠰᠣᠨᠣᠰᠳᠠᠬᠣ ᠰᠠᠢᠬᠠᠨ
ᠬᠠᠭᠣᠴᠢᠨ ᠰᠦᠮ᠎ᠡ ᠶᠢᠨ ᠲᠣᠭᠣᠷᠢᠨ ᠳᠤ ᠬᠡᠨ ᠬᠡᠨ ᠶᠠᠷᠢᠬᠣ ᠨᠢ ᠰᠠᠢᠬᠠᠨ
ᠴᠤᠩᠬᠤ ᠪᠠᠷ ᠰᠡᠷᠡ ᠲᠣᠰᠬᠣ ᠰᠦᠨᠢ ᠦᠯᠢᠭᠡᠷ ᠶᠠᠷᠢᠬᠣ ᠰᠠᠢᠬᠠᠨ
ᠴᠣᠭᠣᠷ ᠢ᠋ᠢᠡᠨ ᠠᠪᠣᠭᠠᠳ ᠲᠠᠭᠣᠯᠠᠳ᠋ᠠᠯ᠎ᠠ ᠴᠢᠳᠬᠦᠷ ᠣᠶᠠᠷᠠᠵᠠᠢ ᠬᠡᠬᠦ ᠰᠠᠢᠬᠠᠨ

ᠰᠠᠷᠠ ᠣᠷᠣᠢ ᠪᠣᠯᠵᠣ ᠬᠦᠢᠳ᠋ᠡᠷᠡᠬᠦ ᠨᠢ ᠰᠠᠢᠬᠠᠨ
ᠰᠡᠯᠬᠢᠨ ᠳᠤ ᠣᠳ᠋ᠣᠳ ᠵᠦᠯᠭᠦᠭᠳᠡᠬᠦ ᠨᠢ ᠰᠠᠢᠬᠠᠨ
ᠡᠳ᠋ᠦᠷ ᠰᠦᠨᠢ ᠲᠠᠡᠭᠴᠡᠬᠦ ᠬᠣᠷᠢᠨ ᠬᠣᠶᠠᠷᠡᠨ ᠪᠣᠯᠬᠣ ᠰᠠᠢᠬᠠᠨ
ᠬᠦᠯᠦᠭ᠌ ᠬᠦᠮᠦᠨ ᠬᠣᠶᠠᠷ ᠠᠳ᠋ᠠᠯᠢᠬᠠᠨ ᠴᠣᠭ ᠣᠨᠳ᠋ᠠᠬᠣ ᠰᠠᠢᠬᠠᠨ

ᠲᠡᠯᠡᠬᠡᠢ ᠶᠢᠨ ᠴᠢᠯᠠᠭᠣᠨ ᠳᠤ ᠬᠢᠷᠠᠭᠣ ᠴᠠᠪᠴᠠᠢᠬᠣ ᠰᠠᠢᠬᠠᠨ
ᠲᠡᠷᠡᠰᠣ ᠪᠠᠷ ᠲᠡᠭᠡᠷ᠎ᠡ ᠨᠢ ᠰᠢᠯᠦᠭ᠌ ᠪᠢᠴᠢᠬᠦ ᠰᠠᠢᠬᠠᠨ
ᠲᠡᠭᠡᠪᠣᠷ ᠲᠡᠪᠢᠬᠦ ᠰᠠᠯᠬᠢᠨ ᠳᠤ ᠰᠡᠳᠬᠢᠯ ᠬᠡᠬᠡᠯᠵᠡᠬᠦ ᠨᠢ ᠰᠠᠢᠬᠠᠨ
ᠳᠡᠩᠳᠡᠬᠦᠦ ᠣᠢᠷ᠎ᠠ ᠶᠢᠨ ᠬᠠᠢᠷ᠎ᠠ ᠠ᠋ᠴᠠ ᠬᠣᠯᠠ ᠳᠤ ᠪᠠᠢᠬᠣ ᠨᠢ ᠰᠠᠢᠬᠠᠨ

ᠮᠣᠳ᠋ᠣᠨ ᠦ ᠮᠥᠴᠢᠷ  ᠲᠤ ᠰᠢᠪᠠᠭᠣ ᠨᠠᠪᠴᠢᠨ ᠦ ᠣᠷᠣᠨ ᠳᠤ ᠰᠠᠭᠣᠬᠣ ᠰᠠᠢᠬᠠᠨ
ᠮᠣᠩᠭᠣᠯ ᠠᠶᠠᠯᠭᠣ ᠪᠠᠷ ᠵᠢᠷᠬᠢᠬᠦ ᠰᠠᠢᠬᠠᠨ
ᠲᠡᠭᠡᠷ᠎ᠡ ᠲᠥᠷᠥ ᠶᠢᠨ ᠰᠥᠯᠲᠡᠨ ᠦ ᠨᠡᠷᠡ ᠮᠠᠨᠳ᠋ᠣᠬᠣ ᠰᠠᠢᠬᠠᠨ
ᠲᠡᠷᠭᠡᠳ᠋ᠡ ᠠᠯᠳ᠋ᠠᠨ ᠰᠣᠶᠣᠮᠪᠣ ᠶᠢᠨ ᠭᠠᠯ ᠨᠣᠴᠣᠬᠣ ᠨᠢ ᠰᠠᠢᠬᠠᠨ

ᠬᠡᠨ ᠨᠢᠭᠡ ᠨᠢ ᠢᠷᠡᠭᠡᠳ ᠲᠠᠭᠣᠯᠠᠬᠣ ᠰᠠᠢᠬᠠᠨ
ᠬᠡᠨ ᠨᠢᠭᠡ ᠨᠢ ᠣᠳ᠋ᠣᠭᠠᠳ ᠭᠣᠨᠢᠬᠣ ᠰᠠᠢᠬᠠᠨ
ᠡᠷᠭᠢᠬᠦ ᠨᠢᠭᠡᠨ ᠬᠠᠢᠷ᠎ᠠ ᠵᠢᠷᠦᠬᠡᠨ ᠳᠤ ᠬᠦᠭᠵᠢᠮᠳ᠋ᠡᠬᠦ ᠰᠠᠢᠬᠠᠨ
ᠡᠭᠡᠯᠵᠢᠯᠡᠨ ᠢᠷᠡᠬᠦ ᠴᠠᠭ ᠬᠣᠩᠬᠣ᠌ ᠪᠠᠨ ᠴᠣᠬᠢᠬᠣ ᠨᠢ ᠰᠠᠢᠬᠠᠨ

ᠦᠳ᠋ᠡᠰᠢ ᠶᠢᠨ ᠪᠣ᠍ᠢᠷᠣᠢ ᠪᠠᠷ ᠢᠷᠠᠬᠦ ᠰᠠᠢᠬᠠᠨ
ᠦᠣᠷ ᠤᠨ ᠭᠡᠭᠡ ᠪᠠᠷ ᠶᠠᠪᠣᠬᠣ ᠰᠠᠢᠬᠠᠨ
ᠦᠩᠭᠡᠲᠦ ᠲᠡᠯᠡᠬᠡᠢ ᠣᠶᠠᠷᠠᠨ ᠣᠬᠢᠯᠠᠮᠠᠷ ᠰᠠᠢᠬᠠᠨ
ᠦᠷᠭᠡᠨ ᠬᠣᠷᠸ᠎ᠠ ᠨᠢ ᠲᠠᠭᠣᠯᠠᠨ ᠵᠢᠷᠭᠠᠮᠠᠷ ᠰᠠᠢᠬᠠᠨ

ᠠᠯᠠᠭ ᠨᠢᠳ᠋ᠣᠨ ᠦ ᠨᠢᠯᠪᠣᠰᠣᠨ ᠲᠣᠰᠣᠯ ᠳᠤ ᠪᠠᠭᠳ᠋ᠠᠭᠰᠠᠨ
ᠠᠢ ᠂ ᠮᠢᠨᠣ ᠡᠭᠡ ᠣᠷᠣᠨ ᠦ ᠲᠦᠷᠪᠡᠨ ᠴᠠᠭ
ᠠᠰᠬᠠᠷᠠᠭᠣᠯᠣᠨ ᠮᠡᠯᠳ᠋ᠡᠯᠵᠡᠭᠦᠯᠦᠨ ᠪᠠᠢᠨ᠎᠎ᠠ ᠦᠦ ᠳ᠋ᠠ
ᠠᠶ᠎ᠠ ᠬᠦᠭᠡᠷᠦᠬᠦᠢ ᠬᠡᠵᠦ ᠂ ᠂ ᠂ ᠂