ᠲᠤᠩᠭᠠᠯᠠᠭ ᠲᠠᠮᠢᠷ4-12-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
ᠠᠩᠭᠢᠯᠠᠯ:ᠲᠤᠭᠤᠵᠢ ᠷᠣᠮᠠᠨТоож роман 2023-10-22
1441
《ᠴᠠᠰᠤ ᠪᠠᠷ ᠤᠮᠳᠠ ᠬᠢᠵᠦ᠂ ᠴᠠᠷᠠᠮ ᠢ᠋ᠶ᠋ᠠᠷ ᠭᠡᠷ ᠬᠢᠵᠦ ᠶᠠᠪᠤᠬᠤ》 - ᠳᠥᠷᠪᠡᠳᠦᠭᠡᠷ ᠪᠦᠯᠦᠭ ᠠᠷᠪᠠᠨ ᠬᠣᠶᠠᠷ ᠲᠠᠷᠢᠶᠠᠲᠤ ᠶ᠋ᠢᠨ ᠬᠦᠷᠢᠶᠡᠨ ᠦ᠌ ᠬᠠᠷᠠᠩᠭᠤᠢ ᠭᠤᠳᠤᠮᠵᠢ ᠪᠠᠷ ᠬᠣᠶᠠᠷ ᠬᠥᠮᠦᠨ ᠶᠠᠪᠤᠭᠰᠠᠭᠠᠷ ᠬᠦᠷᠢᠶᠡᠨ ᠡᠴᠡ ᠭᠠᠷᠴᠤ ᠲᠠᠩᠬᠢᠮ ᠤ᠋ᠨ ᠵᠦᠭ ᠴᠢᠭᠯᠡᠪᠡ᠃ᠲᠩᠷᠢ ᠳ᠋ᠦ᠍ ᠣᠳᠣᠳ ᠮᠢᠷᠠᠯᠵᠠᠨ ᠭᠢᠯᠠᠯᠵᠠᠵᠤ᠂ ᠬᠦᠷᠢᠶᠡᠨ ᠦ᠌ ᠨᠣᠬᠠᠳ ᠪᠦᠳᠦᠭᠦᠨ ᠨᠠᠷᠢᠨ ᠳᠠᠭᠤ ᠪᠠᠷ ᠶᠠᠩᠰᠢᠨ ᠬᠤᠴᠠᠵᠤ ᠠᠮᠠ ᠤᠷᠤᠭᠤᠳᠠᠨ ᠵᠢᠬᠡᠭᠦᠨ ᠬᠦᠢᠲᠡᠨ ᠰᠠᠯᠬᠢ ᠦᠯᠢᠶᠡᠨ᠎ᠡ᠃ᠬᠡᠷᠪᠡ ᠡᠳᠦᠷ ᠪᠠᠢᠭᠠᠳ ᠡᠨᠡ ᠬ...