ᠡᠵᠢ ᠬᠠᠢᠷᠬᠠᠨ- ᠷᠠ᠊ ᠴᠢᠯᠠᠭᠤ Ээж хайрхан-Ра Чулуу ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠬᠠᠢᠷᠬᠠᠨ- ᠷᠠ᠊ ᠴᠢᠯᠠᠭᠤ Ээж хайрхан-Ра Чулуу

ᠡᠵᠢ ᠬᠠᠢᠷᠬᠠᠨ- ᠷᠠ᠊ ᠴᠢᠯᠠᠭᠤ Ээж хайрхан-Ра Чулуу

2023-11-07

1731

ᠡᠵᠢ ᠬᠠᠢᠷᠬᠠᠨ

        (ᠲᠦᠮᠡᠨᠭᠡᠷᠡᠯ ᠦ᠋ᠨ ᠡᠵᠢ ᠳ᠋ᠦ᠍) 
            ᠵᠠᠭᠤ ᠭᠠᠷᠤᠭᠰᠠᠨ ᠨᠠᠰᠤᠲᠠᠨ ᠡᠵᠢ ᠳ᠋ᠦ᠍ ᠵᠣᠷᠢᠭᠤᠯᠪᠠ 
   ᠢᠷᠠᠭᠤ ᠨᠠᠢᠷᠠᠭᠴᠢ᠄ ᠷᠠ᠊ ᠴᠢᠯᠠᠭᠤ 
   ᠤᠷᠠᠨ ᠤᠶᠠᠩᠭᠠᠯᠠᠭᠴᠢ᠄ ᠬᠠᠰᠴᠢᠮᠡᠭ 

ᠡᠭᠦᠯᠡᠨ ᠲᠢᠲᠢᠮ ᠵᠡᠭᠦᠵᠦ ᠨᠠᠯᠠᠢᠵᠤ ᠰᠠᠭᠠᠲᠠᠭᠰᠠᠨ ᠬᠠᠢᠷᠬᠠᠨ ᠰᠢᠭ᠋ 
ᠡᠨᠡᠷᠢᠯ ᠦ᠋ᠨ ᠭᠡᠭᠡ ᠬᠠᠢᠷᠠᠯᠠᠭᠰᠠᠨ ᠨᠥᠮᠥᠷᠢ ᠲᠦᠰᠢᠭ ᠡᠵᠢ ᠮᠢᠨᠢ 
ᠡᠩᠬᠦᠷᠡᠢ ᠨᠢᠯᠬ᠎ᠠ ᠦᠷᠡᠰ ᠢ᠋ᠶ᠋ᠡᠨ ᠡᠩᠭᠡᠷ ᠡᠯᠢᠭᠡᠨ ᠳ᠋ᠡᠭᠡᠨ ᠪᠦᠪᠡᠢᠯᠡᠨ 
ᠡᠪ ᠦ᠋ᠨ ᠬᠣᠷᠸ᠎ᠠ ᠶ᠋ᠢ ᠠᠷᠠᠭᠠᠳᠠᠵᠤ ᠴᠥᠪ ᠢ᠋ ᠲᠤᠭᠤᠯᠤᠭᠰᠠᠨ ᠡᠵᠢ ᠮᠢᠨᠢ 

ᠵᠢᠪᠬᠤᠭ᠎ᠠ ᠲᠠᠮᠢᠷ ᠡᠷᠴᠢᠯᠡᠭᠰᠡᠨ ᠮᠣᠩᠭᠣᠯ ᠪᠦᠰᠡᠭᠦᠢ ᠶ᠋ᠢᠨ ᠰᠢᠨᠳᠠᠰᠤ ᠲᠠᠢ 
ᠵᠠᠭᠤᠨ ᠵᠠᠭᠤᠨ ᠢ᠋ ᠠᠯᠤᠰᠯᠠᠭᠰᠠᠨ ᠲᠡᠦᠬᠡ ᠶ᠋ᠢᠨ ᠦᠨᠡᠨ ᠦᠯᠢᠭᠡᠷ ᠪᠢᠯᠡ 
ᠵᠣᠷᠢᠭ ᠬᠠᠲᠠᠭᠤ ᠳᠡᠭᠡᠳᠦᠰ ᠦ᠋ᠨ ᠢ᠋ᠶ᠋ᠡᠨ ᠵᠢᠷᠤᠮ ᠪᠠᠲᠤ ᠶ᠋ᠢᠨ ᠲᠠᠩᠭᠠᠷᠢᠭ ᠲᠠᠢ
ᠵᠢᠷᠤᠬᠠᠢ ᠲᠣᠭᠠᠯᠠᠯ ᠤ᠋ᠨ ᠬᠠᠭᠤᠳᠠᠰᠤᠨ ᠳ᠋ᠤ᠌ ᠮᠥᠩᠬᠡᠷᠡᠵᠦ ᠦᠯᠡᠳᠡᠭᠰᠡᠨ ᠪᠢᠴᠢᠭᠡᠰᠦ

ᠥᠩᠭᠡᠷᠡᠵᠦ ᠣᠳᠤᠭᠰᠠᠨ ᠡᠷᠲᠡᠨ ᠦ᠌ ᠥᠪ ᠰᠣᠶᠣᠯ ᠤ᠋ᠨ ᠲᠤᠤᠯᠢ ᠰᠢᠭ᠋
ᠦᠶ᠎ᠡ ᠶ᠋ᠢᠨ ᠦᠶ᠎ᠡ ᠳ᠋ᠡᠭᠡᠨ ᠲᠠᠨᠢᠭᠳᠠᠭᠰᠠᠨ ᠠᠮᠢᠳᠤ ᠪᠤᠷᠬᠠᠨ ᠡᠵᠢ ᠮᠢᠨᠢ
ᠥᠭᠡᠳᠡᠯᠡᠵᠦ ᠮᠠᠨᠳᠤᠬᠤ ᠡᠷᠡᠨ ᠦ᠌ ᠭᠠᠴᠢᠶᠠᠯ ᠬᠥᠮᠦᠵᠢᠯ ᠦ᠋ᠨ ᠲᠣᠮᠢᠶ᠎ᠠ ᠰᠢᠭ᠋
ᠦᠷ᠎ᠡ ᠶ᠋ᠢᠨ ᠦᠷ᠎ᠡ ᠳ᠋ᠡᠭᠡᠨ ᠬᠦᠨᠳᠦᠯᠡᠭᠳᠡᠭᠰᠡᠨ ᠰᠤᠤᠲᠤ ᠮᠡᠷᠭᠡᠨ ᠰᠢᠲᠦᠭᠡᠨ ᠮᠢᠨᠢ

ᠬᠠᠨᠢ ᠶ᠋ᠢᠨ ᠵᠠᠶᠠᠭ᠎ᠠ ᠮᠡᠬᠦᠰᠳᠡᠨ ᠥᠨᠥᠴᠢᠷᠡᠵᠦ ᠠᠰᠬᠠᠷᠠᠭᠰᠠᠨ ᠨᠢᠯᠪᠤᠰᠤ ᠪᠤᠶᠤ
ᠬᠠᠩᠭᠠᠢ ᠥᠷᠭᠥᠭᠡ ᠪᠡᠨ ᠳᠤᠯᠠᠭᠠᠴᠠᠭᠤᠯᠵᠤ ᠳᠦᠷᠡᠯᠵᠡᠨ ᠨᠣᠴᠣᠭᠰᠠᠨ ᠭᠠᠯ
ᠬᠠᠯᠠ ᠲᠠᠮᠤ ᠶ᠋ᠢ ᠠᠮᠰᠠᠵᠤ ᠬᠠᠰᠢᠷ ᠰᠠᠭᠤᠭᠰᠠᠨ ᠮᠡᠳᠡᠷᠡᠮᠵᠢ ᠪᠤᠶᠤ
ᠬᠠᠢᠷ᠎ᠠ ᠰᠤᠷᠭᠠᠯ ᠢ᠋ᠶ᠋ᠠᠨ ᠬᠦᠷᠲᠡᠭᠰᠡᠨ ᠬᠠᠲᠤᠨ ᠭᠤᠸ᠎ᠠ ᠡᠬᠡ ᠮᠢᠨᠢ

ᠦᠯᠡᠮᠵᠢ ᠪᠤᠶᠠᠨᠲᠤ ᠴᠣᠭᠴᠢᠰ ᠴᠢᠨᠢ ᠡᠷᠡᠭᠦᠯ ᠡᠩᠬᠡ ᠪᠠᠢᠭᠠᠰᠠᠢ
ᠥᠷᠭᠡᠨ ᠬᠣᠷᠮᠣᠢ ᠳ᠋ᠤ᠌ ᠴᠢᠨᠢ ᠮᠥᠷᠭᠥᠵᠦ ᠨᠠᠰᠤᠨ ᠬᠤᠲᠤᠭ ᠭᠤᠶᠤᠨᠠᠮ
ᠥᠨᠳᠥᠷ ᠶᠡᠬᠡ ᠨᠠᠰᠤᠲᠠᠨ ᠮᠢᠨᠢ ᠠᠮᠤᠷ ᠠᠮᠤᠭᠤᠯᠠᠩ ᠵᠢᠷᠭᠠᠭᠠᠰᠠᠢ
ᠥᠯᠵᠡᠢ ᠪᠢᠯᠢᠭᠲᠦ ᠢᠷᠦᠭᠡᠯ ᠢ᠋ᠶ᠋ᠡᠨ ᠬᠠᠢᠷᠠᠯᠠᠵᠤ ᠰᠣᠶᠣᠷᠬ᠎ᠠ ᠡᠵᠢ ᠠ᠋

ᠥᠷᠥᠰᠢᠶᠡᠯᠲᠦ ᠪᠤᠭᠤᠷᠤᠯ ᠲᠠᠨ ᠢ᠋ᠶ᠋ᠠᠷ ᠢ᠋ᠶ᠋ᠠᠨ
ᠦᠨᠦᠰᠦᠭᠦᠯᠵᠦ ᠨᠢᠯᠬᠠᠷᠠᠬᠤ ᠰᠠᠢᠬᠠᠨ
ᠡᠪᠦᠷ ᠳᠡᠭᠡᠷ᠎ᠡ ᠴᠢᠨᠢ ᠡᠷᠬᠡᠯᠡᠵᠦ
ᠦᠯᠢᠭᠡᠷ ᠰᠣᠨᠣᠰᠬᠤ ᠰᠠᠢᠬᠠᠨ ᠠ᠋

ᠪᠣᠳᠣᠭ ᠵᠢᠷᠤᠭ ᠢ᠋ᠶ᠋ᠠᠷ ᠶᠠᠩᠵᠤᠯᠠᠭᠰᠠᠨ
ᠪᠤᠷᠬᠠᠨ ᠤ᠋ ᠬᠥᠷᠥᠭ ᠢ᠋ ᠳᠠᠬᠢᠳᠠᠭ ᠪᠣᠯ
ᠪᠤᠲᠠ ᠪᠡᠶ᠎ᠡ ᠪᠡᠷ ᠢ᠋ᠶ᠋ᠡᠨ ᠰᠠᠭᠠᠲᠠᠭ᠎ᠠ
ᠡᠵᠢ ᠠᠪᠤ ᠪᠠᠨ ᠬᠦᠨᠳᠦᠯᠡᠭᠡᠷᠡᠢ

ᠤᠯᠠᠭᠠᠨ ᠨᠢᠯᠬ᠎ᠠ ᠡᠴᠡ ᠴᠢᠨᠢ ᠪᠦᠪᠡᠢᠯᠡᠵᠦ
ᠬᠥᠮᠦᠨ ᠦ᠌ ᠵᠡᠷᠭᠡ ᠳ᠋ᠦ᠍ ᠬᠦᠷᠦᠭᠰᠡᠨ
ᠤᠭᠤᠷᠠᠭ ᠰᠦ ᠪᠡᠨ ᠰᠢᠮᠡᠭᠦᠯᠵᠦ
ᠬᠥᠯ ᠬᠡᠯᠡ ᠳ᠋ᠦ᠍ ᠣᠷᠣᠭᠤᠯᠤᠭᠰᠠᠨ ᠶᠤᠮ

ᠡᠷᠭᠢᠵᠦ ᠲᠠᠬᠢᠵᠤ ᠣᠯᠳᠠᠰᠢ ᠦᠭᠡᠢ
ᠡᠨᠡᠷᠢᠯ ᠦ᠋ᠨ ᠳᠡᠭᠡᠳᠦ ᠰᠢᠲᠦᠭᠡᠨ ᠶᠤᠮ
ᠳᠡᠷᠭᠡᠳᠡ ᠴᠢᠨᠢ ᠪᠠᠢᠭ᠎ᠠ ᠪᠤᠷᠬᠠᠨ ᠢ᠋ᠶ᠋ᠠᠨ
ᠳᠡᠭᠡᠳᠦᠯᠡᠵᠦ ᠬᠦᠨᠳᠦᠯᠡᠵᠦ ᠶᠠᠪᠤᠭᠠᠷᠠᠢ ᠬᠡᠦᠬᠡᠳ ᠦ᠋ᠳ ᠮᠢᠨᠢ

ᠠᠯᠲᠠᠨ ᠳᠡᠯᠡᠬᠡᠢ ᠳ᠋ᠦ᠍ ᠭᠠᠭᠴᠠ
ᠠᠬᠢᠭᠠᠳ ᠤᠴᠠᠷᠠᠬᠤ ᠦᠭᠡᠢ ᠠᠴᠢᠲᠠᠨ
ᠠᠪᠤ ᠡᠵᠢ ᠨᠠᠰᠤᠲᠠᠳ ᠢ᠋ᠶ᠋ᠠᠨ
ᠠᠰᠠᠷᠠᠵᠤ ᠲᠡᠳᠬᠦᠵᠦ ᠪᠠᠢᠭᠠᠷᠠᠢ ᠬᠥᠮᠦᠰ ᠮᠢᠨᠢ

2023᠂10᠂28᠂ᠤᠯᠢᠶᠠᠰᠤᠲᠠᠢ ᠪᠠᠯᠭᠠᠰᠤᠨ ᠳ᠋ᠤ᠌