ᠳᠠᠭᠠᠷᠢᠯᠴᠠᠭ᠎ᠠ ᠬᠣᠯᠪᠣᠭ᠎ᠠДайралцаа холбоо
ᠳᠠᠭᠠᠷᠢᠯᠴᠠᠭ᠎ᠠ ᠬᠣᠯᠪᠣᠭ᠎ᠠ
ᠴᠠᠭᠠᠨᠬᠡᠥᠬᠡᠨ
ᠠ᠄ ᠵᠠ ᠬᠦ ᠰᠠᠢᠨ ᠪᠠᠢᠨ᠎ᠠ ᠤᠤ?
ᠠ᠋᠄ ᠰᠠᠢᠨ! ᠲᠠ ᠰᠠᠢᠨ ᠤᠤ? ᠮᠠᠯ ᠰᠦᠷᠦᠭ ᠲᠠᠷᠭᠤᠨ ᠲᠠᠪᠠᠲᠠᠢ ᠰᠠᠢᠬᠠᠨ ᠵᠤᠰᠠᠵᠤ ᠪᠠᠢᠨ᠎ᠠ ᠤᠤ?
ᠠ᠄ ᠰᠠᠢᠬᠠᠨ ᠰᠠᠢᠬᠠᠨ! ᠰᠠᠢᠬᠠᠨ ᠪᠣᠯᠬᠣᠷ ᠯᠠ ᠰᠠᠭᠠᠬᠠᠯᠲᠠ ᠠᠢᠯ ᠢ᠋ᠶ᠋ᠠᠷ ᠢ᠋ᠶ᠋ᠠᠨ ᠲᠣᠭᠣᠷᠢᠵᠤ ᠰᠠᠨᠠᠭ᠎ᠠ ᠪᠠᠷ ᠢ᠋ᠶ᠋ᠠᠨ ᠰᠠᠪᠠᠵᠤ ᠶᠠᠪᠤᠨ᠎ᠠ!
ᠠ᠋᠄ ᠵᠠ ᠡᠪᠡᠰᠦ ᠪᠡᠯᠴᠢᠭᠡᠷ ᠥᠳᠬᠡᠨ ᠰᠠᠬᠤᠯᠢᠭ ᠥᠭᠡᠳᠡᠩ ᠲᠣᠷᠭᠠᠨ ᠳᠡᠭᠡᠭᠦᠷ ᠥᠩᠭᠥᠷᠢᠳᠡᠵᠦ ᠪᠠᠢᠨ᠎ᠠ ᠤᠤ?
ᠠ᠄ ᠥᠩᠭᠥᠷᠢᠳᠡᠵᠦ ᠦᠭᠡᠢ᠂ ᠥᠭᠡᠳᠡ ᠪᠡᠨ ᠶᠠᠪᠤᠵᠤ ᠪᠠᠢᠨ᠎ᠠ!
ᠠ᠋᠄ ᠵᠠ ᠬᠦ! ᠬᠣᠶᠠᠭᠤᠯᠠ ᠪᠠᠨ ᠳᠠᠭᠠᠷᠢᠯᠴᠠᠭ᠎ᠠ ᠬᠣᠯᠪᠣᠭ᠎ᠠ ᠬᠡᠯᠡᠬᠦ ᠤᠤ ᠳᠠ?
ᠠ᠄ ᠵᠠ ᠦᠨᠡᠬᠡᠷ ᠲᠡᠢᠮᠦ ᠤᠤ ᠳᠠ? ᠳᠠᠭᠠᠷᠢᠯᠴᠠᠶ᠎ᠠ ᠭᠡᠪᠡᠯ ᠳᠠᠭᠠᠷᠢᠯᠴᠠᠶ᠎ᠠ! ᠬᠡᠯᠡᠯᠴᠡᠶ᠎ᠡ ᠭᠡᠪᠡᠯ ᠬᠡᠯᠡᠯᠴᠡᠶ᠎ᠡ! ᠬᠣᠨᠢᠨ ᠤ᠋ ᠴᠢᠨᠢ ᠳᠣᠲᠣᠷ᠎ᠠ ᠠ᠋ᠴᠠ ᠬᠣᠩᠰᠢᠶᠠᠷ ᠬᠠᠯᠵᠠᠨ ᠨᠢ ᠬᠡᠳᠦ ᠪᠣᠢ? ᠬᠣᠯᠪᠣᠭ᠎ᠠ ᠳᠠᠭᠠᠷᠢᠯᠴᠠᠭ᠎ᠠ ᠬᠡᠯᠡᠯᠴᠡᠬᠦ ᠪᠡᠷ ᠬᠤᠷᠴᠠ ᠬᠡᠯᠡ ᠲᠡᠢ ᠨᠢ ᠬᠡᠨ ᠪᠣᠢ? ᠠᠳᠤᠭᠤᠨ ᠤ᠋ ᠴᠢᠨᠢ ᠳᠣᠲᠣᠷ᠎ᠠ ᠠ᠋ᠴᠠ ᠠᠯᠠᠭ ᠲᠠᠢ ᠰᠢᠷᠭ᠎ᠠ ᠲᠠᠢ ᠨᠢ ᠬᠡᠳᠦ ᠪᠣᠢ? ᠠᠬ᠎ᠠ ᠳᠡᠭᠦᠦ ᠶ᠋ᠢᠨ ᠴᠢᠨᠢ ᠳᠣᠲᠣᠷ᠎ᠠ ᠠᠮᠠ ᠲᠠᠢ ᠬᠡᠯᠡ ᠲᠡᠢ ᠨᠢ ᠬᠡᠨ ᠪᠣᠢ?
ᠠ᠋᠄ ᠳᠡᠭᠡᠭᠦᠷ ᠭᠠᠷᠤᠭᠰᠠᠨ ᠭᠠᠯᠠᠭᠤᠨ ᠳ᠋ᠤᠨᠢ ᠳᠡᠭᠡᠰᠦ ᠬᠠᠶᠠᠭᠠᠳ ᠶᠠᠭᠠᠬᠢᠬᠤᠪ ᠳᠠ ᠳᠡᠪᠡᠯ ᠢ᠋ᠶ᠋ᠡᠨ ᠳᠠᠭᠠᠭᠠᠬᠤ ᠦᠭᠡᠢ ᠴᠢᠮ᠎ᠠ ᠲᠠᠢ ᠰᠢᠯᠦᠭ ᠶᠠᠭᠤ ᠶ᠋ᠢ ᠨᠢ ᠬᠡᠯᠡᠯᠴᠡᠬᠦ ᠪᠣᠢ? ᠤᠷᠳᠤᠭᠤᠷ ᠭᠠᠷᠤᠭᠰᠠᠨ ᠭᠠᠯᠠᠭᠤᠨ ᠳ᠋ᠤᠨᠢ ᠤᠷᠭ᠎ᠠ ᠬᠠᠶᠠᠭᠠᠳ ᠶᠠᠭᠠᠬᠢᠬᠤᠪ ᠳᠠ? ᠤᠭᠤᠴᠠ ᠪᠠᠨ ᠳᠠᠭᠠᠭᠠᠬᠤ ᠦᠭᠡᠢ ᠴᠢᠮ᠎ᠠ ᠲᠠᠢ ᠰᠢᠯᠦᠭ ᠶᠠᠭᠤ ᠶ᠋ᠢ ᠬᠡᠯᠡᠯᠴᠡᠬᠦ ᠪᠣᠢ?
ᠠ᠄ ᠵᠠ ᠬᠦ ᠦᠨᠡᠬᠡᠷ ᠲᠡᠢᠮᠦ ᠤᠤ ᠳᠠ! ᠠᠯᠠᠭᠳᠠᠭ᠎ᠠ ᠶ᠋ᠢᠨ ᠨᠦᠬᠡᠨ ᠳ᠋ᠦ᠍ᠨᠢ ᠠᠷᠪᠠᠨ ᠰᠠᠯᠠᠭ᠎ᠠ ᠪᠠᠢᠨ᠎ᠠ ᠤᠤ ᠳᠠ? ᠠᠩᠭ᠎ᠠ ᠴᠢᠨᠦ ᠴᠡᠭᠡᠵᠢᠨ ᠳ᠋ᠦ᠍ᠨᠢ ᠠᠷᠪᠠᠨ ᠰᠢᠯᠦᠭ ᠪᠠᠢᠨ᠎ᠠ ᠤᠤ ᠳᠠ?
ᠠ᠋᠄ ᠵᠠ ᠬᠦ ᠦᠨᠡᠬᠡᠷ ᠲᠡᠢᠮᠦ ᠤᠤ ᠳᠠ ᠵᠤᠷᠠᠮ᠎ᠠ ᠶ᠋ᠢᠨ ᠬᠢᠨᠢ ᠨᠦᠬᠡᠨ ᠳ᠋ᠦ᠍ᠨᠢ ᠵᠢᠷᠭᠤᠭᠠᠨ ᠰᠠᠯᠠᠭ᠎ᠠ ᠪᠠᠢᠨ᠎ᠠ ᠤᠤ ᠳᠠ? ᠵᠠᠯᠠᠭᠤ ᠴᠢᠨᠦ ᠴᠡᠭᠡᠵᠢᠨ ᠳ᠋ᠦ᠍ᠨᠢ ᠵᠢᠷᠭᠤᠭᠠᠨ ᠰᠢᠯᠦᠭ ᠪᠠᠢᠨ᠎ᠠ ᠤᠤ ᠳᠠ?
ᠠ᠄ ᠵᠠ ᠬᠦ ᠦᠨᠡᠬᠡᠷ ᠲᠡᠢᠮᠦ ᠤᠤ ᠳᠠ? ᠣᠭᠲᠠᠷᠭᠤᠢ ᠳ᠋ᠤ᠌ ᠨᠢ ᠭᠠᠷᠬᠤ ᠤᠤ ᠳᠠ ᠣᠳᠣ ᠶ᠋ᠢ ᠨᠢ ᠲᠣᠭᠠᠯᠠᠵᠤ ᠬᠡᠯᠡᠯᠴᠡᠬᠦ ᠤᠤ? ᠥᠨᠳᠥᠷ ᠴᠠᠭᠠᠨ ᠴᠠᠮᠴᠠ ᠶ᠋ᠢᠨ ᠴᠢᠨᠢ ᠰᠢᠷᠬᠡᠭ ᠢ᠋ ᠨᠢ ᠲᠣᠭᠠᠯᠠᠵᠤ ᠬᠡᠯᠡᠯᠴᠡᠬᠦ ᠤᠤ?
ᠠ᠋᠄ ᠵᠠ ᠬᠦ ᠦᠨᠡᠬᠡᠷ ᠲᠡᠢᠮᠦ ᠤᠤ ᠳᠠ? ᠥᠨᠳᠥᠷ ᠳᠡᠭᠡᠷ᠎ᠡ ᠨᠢ ᠭᠠᠷᠤᠨ᠎ᠠ ᠤᠤ ᠳᠠ ᠡᠭᠦᠯᠡ ᠶ᠋ᠢ ᠳᠠᠭᠠᠵᠤ ᠬᠡᠯᠡᠯᠴᠡᠬᠦ ᠤᠤ ᠳᠠ ᠥᠨᠳᠥᠷ ᠴᠠᠭᠠᠨ ᠳᠡᠪᠡᠯ ᠦ᠋ᠨ ᠴᠢᠨᠢ ᠦᠰᠦ ᠶ᠋ᠢ ᠲᠣᠭᠠᠯᠠᠵᠤ ᠬᠡᠯᠡᠯᠴᠡᠬᠦ ᠤᠤ?
ᠠ ᠠ᠋ ᠬᠣᠶᠠᠭᠤᠯᠠ ᠪᠠᠨ᠄ ᠳᠠᠭᠠᠷᠢᠯᠴᠠᠶ᠎ᠠ ᠭᠡᠪᠡᠯ ᠳᠠᠭᠠᠷᠢᠯᠴᠠᠶ᠎ᠠ ᠳᠠᠷᠠᠭ᠎ᠠ ᠤᠳᠠᠭ᠎ᠠ ᠪᠠᠷ ᠬᠡᠯᠡᠯᠴᠡᠶ᠎ᠡ! ᠳᠠᠢᠴᠢᠨ ᠣᠯᠠᠨ ᠨᠥᠬᠥᠳ ᠲᠡᠢ ᠪᠡᠨ ᠳᠠᠶᠠᠭᠠᠷ ᠬᠠᠮᠲᠤ ᠳ᠋ᠤ᠌ ᠪᠠᠨ ᠨᠠᠢᠷᠯᠠᠶ᠎ᠠ!
ᠦᠰᠦᠭ ᠠᠮᠢᠯᠠᠭᠤᠯᠤᠭᠴᠢ᠄ ᠣᠳᠬᠠᠨᠴᠡᠴᠡᠭ
ᠬᠢᠨᠠᠭᠴᠢ ᠪᠠᠭᠰᠢ᠄ ᠰᠡᠬᠡᠭᠡᠷᠡᠯ
