ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠠᠷᠪᠠ Үүрийн туяа II – Б ᠂ Ренчин Хоёрдугаар дэвтэр "Гал усны гашуун зовлон"-10 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠠᠷᠪᠠ Үүрийн туяа II – Б ᠂ Ренчин Хоёрдугаар дэвтэр "Гал усны гашуун зовлон"-10

ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠠᠷᠪᠠ Үүрийн туяа II – Б ᠂ Ренчин Хоёрдугаар дэвтэр "Гал усны гашуун зовлон"-10

ᠠᠩᠭᠢᠯᠠᠯ:ᠲᠤᠭᠤᠵᠢ ᠷᠣᠮᠠᠨ
2025-01-09

304

ᠠᠷᠪᠠ᠂ ᠰᠦᠷᠦᠭ ᠦ᠋ᠨ ᠮᠠᠩᠯᠠᠢ᠂ᠮᠥᠩᠭᠥᠨ ᠪᠦᠢᠯᠡᠲᠦ ᠪᠤᠤᠷ᠎ᠠ

        





          

       ᠪᠦᠳᠦᠭᠦᠨ ᠨᠢᠷᠪᠠ᠂ ᠡᠪᠦᠭᠡᠨ ᠳᠠᠷᠬᠠᠨ ᠳᠠᠭᠠᠭᠤᠯᠵᠤ᠂ ᠬᠡᠪᠢᠰ ᠪᠣᠯᠤᠭᠰᠠᠨ ᠭᠣᠶᠣ ᠭᠡᠷ ᠲᠡᠭᠡᠨ ᠣᠷᠣᠬᠤ ᠳ᠋ᠠᠭᠠᠨ᠂ ᠤᠭᠲᠤᠨ ᠭᠦᠶᠦᠵᠦ ᠢᠷᠡᠭᠰᠡᠨ ᠪᠠᠨᠳᠢ ᠳ᠋ᠤ᠌ ᠴᠠᠢ! ᠭᠡᠵᠦ ᠣᠭᠵᠣᠮ ᠪᠣᠭᠣᠨᠢ ᠳᠠᠭᠤᠨ ᠢ᠋ᠶ᠋ᠠᠷ ᠲᠤᠰᠢᠶᠠᠭᠠᠳ᠂ ᠬᠠᠷ᠎ᠠ ᠥᠷᠯᠥᠭᠡ ᠡᠴᠡ ᠶᠠᠪᠤ ᠶᠠᠪᠤᠭᠰᠠᠭᠠᠷ ᠶᠠᠳᠠᠷᠠᠵᠤ ᠣᠷᠬᠢᠯ᠎ᠠ᠃ ᠵᠠ᠂ ᠪᠤᠢᠯᠠ ᠪᠠᠨ ᠦᠵᠡᠭᠦᠯ ᠶᠠᠮᠠᠷ ᠰᠢᠦ ᠶᠠᠭᠤᠮ᠎ᠠ ᠪᠣᠯᠪᠠ᠃ ᠲᠡᠷᠡ ᠴᠢᠨᠢ? ᠭᠡᠵᠡᠢ᠃  
       ᠡᠪᠦᠭᠡᠨ ᠳᠠᠷᠬᠠᠨ᠂ ᠡᠪᠦᠷ ᠡᠴᠡ ᠪᠡᠨ ᠰᠢᠪ ᠰᠢᠨᠡᠬᠡᠨ ᠮᠥᠩᠭᠥᠨ ᠪᠤᠢᠯᠠ ᠭᠠᠷᠭᠠᠵᠤ᠂ ᠬᠣᠶᠠᠷ ᠭᠠᠷ ᠢ᠋ᠶ᠋ᠠᠷ ᠢ᠋ᠶ᠋ᠠᠨ ᠡᠷᠭᠦᠨ ᠳᠡᠪᠰᠢᠭᠦᠯᠪᠡ᠃ 
       ᠳᠠᠷᠬᠠᠨ ᠤ᠋ ᠬᠦ ᠲᠣᠷᠲᠣᠭ ᠤᠬᠢᠶᠠᠬᠤ ᠳ᠋ᠤ᠌ ᠰᠠᠯᠬᠤ ᠪᠠᠨ ᠪᠠᠢᠵᠤ ᠲᠠᠰᠤ ᠰᠢᠩᠭᠡᠭᠰᠡᠨ᠂ ᠬᠬᠢᠷ ᠪᠣᠯᠤᠭᠰᠠᠨ ᠪᠠᠬᠢᠷ ᠬᠠᠷ᠎ᠠ ᠭᠠᠷ ᠠ᠋ᠴᠠ ᠨᠢᠷᠪᠠ ᠯᠠᠮᠠ ᠭᠤᠸᠠᠢ ᠪᠤᠯᠴᠢᠭᠠᠷ ᠵᠥᠭᠡᠯᠡᠨ ᠭᠠᠷ ᠢ᠋ᠶ᠋ᠠᠷ ᠢ᠋ᠶ᠋ᠠᠨ ᠲᠡᠷᠡ ᠪᠤᠢᠯᠠ ᠶ᠋ᠢ ᠬᠠᠰᠢ ᠬᠡᠷᠡᠭ ᠠᠪᠤᠭᠠᠳ ᠦᠵᠡᠲᠡᠯ᠎ᠡ᠂ ᠥᠷᠥᠭᠡᠰᠦᠨ ᠲᠠᠯ᠎ᠠ ᠶ᠋ᠢᠨ ᠳᠠᠪ ᠪᠣᠯᠭᠠᠵᠤ᠂ ᠪᠠᠲᠤ ᠬᠦᠴᠦᠨ ᠣᠷᠣᠰᠢᠬᠤ ᠶ᠋ᠢᠨ ᠪᠡᠯᠡᠭ ᠵᠣᠬᠢᠶᠠᠵᠤ ᠬᠥᠨᠳᠡᠯᠡᠨ ᠸᠴᠢᠷ ᠬᠢᠭᠰᠡᠨ ᠨᠢ ᠮᠠᠰᠢ ᠭᠠᠢᠬᠠᠮᠰᠢᠭᠲᠠᠢ ᠨᠠᠷᠢᠨ ᠬᠢᠵᠡᠢ᠃ 
       ᠸᠴᠢᠷ ᠲᠦ᠍ ᠮᠠᠲᠠᠷ ᠤ᠋ᠨ ᠲᠣᠯᠣᠭᠠᠢ᠂ ᠪᠠᠳᠮ᠎ᠠ ᠯᠢᠩᠬᠤᠸ᠎ᠠ ᠴᠡᠴᠡᠭ ᠦ᠋ᠨ ᠳᠡᠯᠪᠢ ᠶ᠋ᠢ ᠭᠠᠢᠬᠠᠮ ᠨᠠᠷᠢᠨ ᠢ᠋ᠶ᠋ᠠᠷ ᠴᠤᠭᠤᠯᠪᠤᠷᠢᠯᠠᠨ ᠦᠢᠯᠡᠳᠴᠡᠢ᠃  
       — ᠡᠢᠮᠦ ᠪᠦᠳᠦᠭᠦᠨ᠂ ᠪᠠᠬᠢᠷ ᠬᠠᠷ᠎ᠠ  ᠬᠤᠷᠤᠭᠤ ᠪᠠᠷ ᠡᠢᠮᠦ ᠨᠠᠷᠢᠨ ᠶᠠᠭᠤᠮ᠎ᠠ ᠬᠢᠳᠡᠭ ᠶᠦᠮ ᠪᠠᠢᠵᠠᠢ ᠭᠡᠵᠦ ᠨᠢᠷᠪᠠ ᠯᠠᠮᠠ ᠭᠠᠢᠬᠠᠭᠠᠳ᠂ ᠴᠢ ᠦᠨᠡᠬᠡᠷ ᠳᠡᠭᠡᠳᠦ ᠭᠠᠷ ᠢ᠋ᠶ᠋ᠠᠨ ᠭᠠᠷᠭᠠᠵᠤ ᠳᠠ᠃ ᠱᠠᠩᠨᠠᠬᠤ ᠨᠢ ᠵᠦᠢ ᠪᠠᠢᠨ᠎ᠠ᠃ ᠵᠠ᠂ ᠪᠢ ᠴᠢᠮᠠᠶ᠋ᠢ ᠪᠠᠭᠠᠲᠤᠷ ᠴᠠᠭᠠᠨ ᠬᠠᠭᠠᠨ ᠤ᠋ ᠠᠯᠲᠠᠨ ᠵᠣᠭᠣᠰ ᠢ᠋ᠶ᠋ᠠᠷ ᠱᠠᠩᠨᠠᠶ᠎ᠠ ᠭᠡᠵᠦ ᠲᠠᠪᠤᠨ ᠲᠥᠭᠥᠷᠢᠭ ᠦ᠋ᠨ ᠨᠢᠭᠡᠨ ᠠᠯᠲᠠᠨ ᠵᠣᠭᠣᠰ ᠥᠭᠬᠦ ᠳ᠋ᠦ᠍᠂ ᠡᠪᠦᠭᠡᠨ ᠳᠠᠷᠬᠠᠨ ᠬᠣᠶᠠᠷ ᠭᠠᠷ  ᠢ᠋ᠶ᠋ᠠᠷ ᠲᠣᠰᠣᠨ ᠠᠪᠴᠤ᠂ ᠲᠡᠷᠡ ᠠᠯᠲᠠᠨ ᠵᠣᠭᠣᠰ ᠠ᠋ᠴᠠ ᠠᠳᠢᠰ  ᠠᠪᠤᠭᠠᠳ  ᠬᠥᠬᠡᠷᠡᠭ ᠦ᠋ᠨ ᠰᠠᠪᠠᠨ ᠳ᠋ᠤ᠌ ᠶᠡᠬᠡᠯ᠎ᠡ (ᠶᠡᠬᠡ ᠯᠡ)ᠬᠢᠴᠢᠶᠡᠩᠭᠦᠢᠯᠡᠨ ᠬᠢᠵᠦ ᠥᠭᠦᠯᠡᠷᠦᠨ᠂ 
       — ᠲᠦᠮᠡᠨ ᠲᠡᠮᠡᠭᠡᠨ ᠦ᠌ ᠰᠦᠷᠦᠭ ᠦ᠋ᠨ ᠮᠠᠩᠯᠠᠢ ᠪᠣᠯᠤᠭᠰᠠᠨ ᠪᠤᠤᠷ᠎ᠠ ᠶ᠋ᠢᠨ ᠮᠥᠩᠭᠥᠨ ᠪᠤᠢᠯᠠ ᠶ᠋ᠢ ᠳᠠᠷᠬᠠᠨ ᠪᠦᠷᠢ ᠬᠢᠳᠡᠭ ᠦᠭᠡᠢ᠂ ᠮᠢᠨᠦ ᠡᠯᠦᠨᠴᠡ ᠡᠴᠢᠭᠡ ᠯᠡ ᠨᠢᠭᠡ ᠤᠳᠠᠭ᠎ᠠ ᠬᠢᠵᠦ ᠦᠵᠡᠭᠰᠡᠨ ᠶᠦᠮ ᠭᠡᠵᠦ ᠪᠢ ᠪᠠᠭ᠎ᠠ ᠳ᠋ᠠᠭᠠᠨ ᠲᠤᠭᠤᠯᠤᠭᠰᠠᠨ᠃ ᠣᠳᠣ ᠨᠠᠰᠤᠨ ᠵᠦᠭ ᠪᠣᠯᠵᠤ ᠰᠠᠢ᠍ᠢ ᠭᠡᠭᠡᠬᠡᠨ ᠦ᠌ ᠶᠡᠬᠡ ᠰᠠᠩ ᠳ᠋ᠤ᠌ ᠨᠢᠭᠡᠨ ᠮᠥᠩᠭᠥᠨ ᠪᠤᠢᠯᠠ ᠬᠢᠬᠦ ᠬᠤᠪᠢ ᠲᠠᠢ ᠪᠠᠢᠵᠠᠢ ᠪᠢ᠃ ᠲᠡᠭᠡᠬᠦ ᠳ᠋ᠡᠭᠡᠨ᠂ ᠬᠢᠴᠢᠶᠡᠯ ᠦᠭᠡᠢ ᠶᠠᠭᠠᠬᠢᠬᠤ ᠪᠣᠢ ᠭᠡᠵᠡᠢ᠃ ᠪᠢᠴᠢᠬᠠᠨ ᠪᠠᠨᠳᠢ ᠴᠢᠮᠡᠭᠡ ᠦᠭᠡᠢ ᠠᠯᠬᠤᠨ ᠣᠷᠣᠵᠤ ᠢᠷᠡᠭᠡᠳ᠂ ᠰᠠᠷᠯᠤᠭ ᠤ᠋ᠨ ᠥᠳᠬᠡᠨ ᠰᠦ ᠪᠡᠷ ᠰᠦᠯᠡᠭᠰᠡᠨ ᠴᠠᠢ᠂ ᠨᠢᠷᠪᠠ ᠯᠠᠮᠠ ᠶ᠋ᠢᠨ ᠮᠥᠩᠭᠥᠨ ᠲᠠᠯᠪᠢᠭᠤᠷ ᠲᠠᠢ ᠱᠠᠵᠠᠩ(ᠱᠠᠭᠠᠵᠠᠩ)  ᠠᠶᠠᠭᠠᠨ ᠳ᠋ᠤ᠌ ᠬᠢᠭᠡᠳ᠂ ᠱ᠌ᠢᠷᠦᠨ ᠪᠠᠷᠢᠭᠤᠯ ᠲᠠᠢ ᠲᠣᠪᠣᠢᠮᠠᠯ ᠮᠥᠩᠭᠥᠨ ᠨᠡᠭᠡᠯᠡᠬᠡᠢ ᠪᠡᠷ ᠪᠥᠭᠯᠡᠭᠡᠳ᠂ ᠳᠠᠷᠬᠠᠨ ᠤ᠋ ᠡᠮᠦᠨ᠎ᠡ ᠲᠠᠨ᠎ᠠ ᠰᠢᠭᠡᠳᠭᠡᠭᠰᠡᠨ ᠬᠠᠷ᠎ᠠ ᠥᠩᠭᠡᠲᠦ ᠮᠣᠳᠣ ᠪᠠᠷ ᠬᠢᠭᠰᠡᠨ ᠪᠢᠴᠢᠬᠠᠨ ᠰᠢᠷᠡᠭᠡ ᠲᠠᠯᠪᠢᠵᠤ᠂ ᠴᠠᠢ ᠠᠶᠠᠭᠠᠯᠠᠵᠤ ᠥᠭᠭᠦᠭᠡᠳ᠂ ᠡᠭᠦᠳᠡᠨ ᠦ᠌ ᠵᠡᠭᠦᠨ ᠲᠡᠢ ᠪᠠᠢᠭᠰᠠᠨ ᠡᠷᠭᠢᠨᠡᠭ ᠳᠣᠲᠣᠷ᠎ᠠ ᠠ᠋ᠴᠠ ᠪᠣᠣᠪᠣ ᠵᠢᠮᠢᠰ ᠲᠡᠢ ᠲᠠᠪᠠᠭ ᠭᠠᠷᠭᠠᠵᠤ ᠲᠠᠯᠪᠢᠪᠠ᠃ ᠲᠡᠭᠡᠭᠡᠳ ᠰᠢᠷᠡᠮᠦᠨ ᠵᠤᠤᠬᠠᠨ ᠳ᠋ᠤ᠌ ᠠᠷᠭᠠᠯ ᠬᠢᠭᠡᠳ ᠴᠢᠮᠡᠭᠡ ᠢᠮᠡᠭᠡ ᠦᠭᠡᠢ ᠭᠠᠷᠴᠠᠢ᠃ 
       — ᠨᠥᠭᠥᠭᠡᠳᠦᠷ ᠲᠦᠮᠡᠨ ᠲᠡᠮᠡᠭᠡᠨ ᠦ᠌ ᠰᠦᠷᠦᠭ ᠦ᠋ᠨ ᠮᠠᠩᠯᠠᠢ ᠪᠣᠯᠤᠭᠰᠠᠨ ᠰᠠᠬᠤᠯᠠᠭ ᠬᠠᠷ᠎ᠠ ᠵᠣᠭᠳᠣᠷᠳᠤ ᠪᠤᠤᠷ᠎ᠠ ᠳ᠋ᠠᠭᠠᠨ ᠮᠥᠩᠭᠥᠨ ᠪᠤᠢᠯᠠ ᠵᠡᠭᠦᠵᠦ ᠶᠡᠬᠡ ᠨᠠᠢᠷ ᠬᠢᠨ᠎ᠡ ᠳᠡ ᠭᠡᠵᠦ ᠬᠡᠯᠡᠭᠡᠳ ᠨᠢᠷᠪᠠ ᠯᠠᠮᠠ ᠭᠤᠸᠠᠢ ᠠᠶᠠᠭ᠎ᠠ ᠲᠠᠢ ᠴᠠᠢ ᠪᠠᠨ ᠪᠠᠷᠢᠭᠠᠳ᠂ ᠨᠢᠳᠦ ᠪᠡᠨ ᠠᠨᠢᠰᠬᠢᠨ᠂ ᠤᠷᠤᠭᠤᠯ ᠢ᠋ᠶ᠋ᠠᠨ ᠬᠥᠳᠡᠯᠭᠡᠵᠦ᠂ ᠴᠠᠢ ᠬᠣᠭᠣᠯᠠᠨ ᠤ᠋ ᠡᠮᠦᠨ᠎ᠡ ᠤᠩᠰᠢᠳᠠᠭ ᠵᠠᠯᠪᠠᠷᠢᠯ ᠢ᠋ ᠠᠮᠠᠨ ᠳᠣᠲᠣᠷ᠎ᠠ ᠪᠠᠨ ᠰᠢᠪᠡᠭᠡᠨᠡᠪᠡ᠃  
       ᠡᠪᠦᠭᠡᠨ ᠳᠠᠷᠬᠠᠨ ᠨᠢᠭᠡ ᠠᠶᠠᠭ᠎ᠠ ᠴᠠᠢ ᠤᠤᠭᠤᠭᠠᠳ᠂ ᠲᠠᠪᠠᠭ ᠲᠠᠢ ᠢᠳᠡᠭᠡᠨ ᠳ᠋ᠦ᠍ ᠠᠶᠠᠷᠬᠠᠨ ᠭᠠᠷ ᠢ᠋ᠶ᠋ᠠᠨ ᠬᠦᠷᠭᠡᠵᠦ᠂ ᠨᠢᠭᠡ ᠰᠢᠷᠬᠡᠭ ᠦᠵᠦᠮ ᠠᠪᠤᠭᠠᠳ᠂ ᠶᠡᠬᠡᠯ᠎ᠡ(ᠶᠡᠬᠡ ᠯᠡ) ᠵᠠᠵᠢᠯᠵᠤ ᠪᠠᠢᠭ᠎ᠠ ᠳᠦᠷᠢᠮ ᠦᠵᠡᠭᠦᠯᠦᠭᠡᠳ ᠰᠢᠷᠡᠭᠡ ᠶ᠋ᠢ ᠠᠶᠠᠷᠬᠠᠨ ᠴᠢᠨᠠᠭᠰᠢ ᠪᠣᠯᠭᠠᠨ᠂ ᠨᠢᠷᠪᠠ ᠯᠠᠮᠠ ᠠᠮᠠᠨ ᠳᠣᠲᠣᠷ᠎ᠠ ᠪᠠᠨ ᠤᠩᠰᠢᠯᠭ᠎ᠠ ᠪᠠᠨ ᠰᠢᠪᠡᠭᠡᠨᠡᠭᠰᠡᠭᠡᠷ ᠲᠤᠯᠠ᠂ ᠶᠠᠷᠢᠬᠤ ᠵᠦᠢᠯ ᠳᠠᠭᠤᠰᠤᠭᠰᠠᠨ ᠤ᠋ ᠰᠢᠨᠵᠢ ᠭᠡᠵᠦ ᠮᠡᠳᠡᠭᠡᠳ᠂ ᠡᠪᠦᠭᠡᠨ ᠳᠠᠷᠬᠠᠨ ᠴᠢᠮᠡᠭᠡ ᠦᠭᠡᠢ ᠪᠣᠰᠤᠭᠠᠳ᠂ ᠭᠡᠷ ᠦ᠋ᠨ ᠡᠵᠡᠨ ᠢ᠋ ᠬᠦᠨᠳᠦᠳᠬᠡᠨ ᠡᠭᠦᠳᠡᠨ ᠲᠡᠰᠢ(ᠲᠡᠢᠰᠢ) ᠤᠬᠤᠷᠢᠭᠰᠠᠭᠠᠷ ᠭᠠᠷᠪᠠ᠃  
       ᠲᠡᠮᠦᠷ ᠵᠤᠤᠬᠠᠨ ᠳ᠋ᠤ᠌ ᠭᠠᠯ ᠨᠠᠷᠢᠬᠠᠨ ᠢ᠋ᠶ᠋ᠠᠷ ᠳᠤᠤᠭᠠᠷᠬᠤ ᠴᠢᠮᠡᠭᠡ ᠰᠣᠨᠣᠰᠳᠠᠭᠰᠠᠨ ᠳ᠋ᠤ᠌᠂ ᠨᠢᠷᠪᠠ ᠰᠢᠷᠡᠭᠡᠨ ᠳᠡᠭᠡᠷ᠎ᠡ ᠡᠴᠡ ᠪᠠᠷᠢᠭᠤᠯ ᠲᠠᠢ ᠪᠢᠴᠢᠬᠠᠨ ᠬᠡᠩᠭᠡᠷᠭᠡ ᠶ᠋ᠢᠨ ᠬᠡᠯᠪᠡᠷᠢ ᠲᠡᠢ ᠳᠣᠬᠢᠶ᠎ᠠ ᠶ᠋ᠢᠨ ᠳᠠᠮᠠᠷᠤ ᠠᠪᠴᠤ᠂ ᠨᠠᠰᠢ (ᠨᠠᠭᠠᠰᠢ) ᠴᠠᠰᠢ(ᠴᠠᠭᠠᠰᠢ)ᠬᠡᠳᠦ ᠡᠷᠭᠢᠭᠦᠯᠵᠦ ᠳᠤᠤᠭᠠᠷᠭᠠᠪᠠᠯ᠂ ᠲᠡᠷᠡ ᠳᠣᠬᠢᠶ᠎ᠠ ᠶ᠋ᠢᠨ ᠴᠢᠮᠡᠭᠡ ᠪᠡᠷ ᠪᠢᠴᠢᠬᠠᠨ ᠪᠠᠨᠳᠢ ᠭᠦᠶᠦᠵᠦ ᠢᠷᠡᠭᠡᠳ ᠠᠯᠠᠭ᠎ᠠ ᠬᠠᠪᠰᠤᠷᠤᠨ ᠵᠣᠭᠰᠣᠪᠠ᠃ 
       — ᠭᠠᠯ ᠳᠤᠤᠭᠠᠷᠴᠤ ᠪᠠᠢᠨ᠎ᠠ᠃ ᠲᠣᠰᠣ ᠡᠷᠭᠦᠭᠡᠳ ᠣᠷᠭᠢ ᠨᠠᠳᠠᠳᠤ(ᠨᠠᠳᠠ ᠳ᠋ᠤ᠌) ᠪᠠᠰᠠ ᠨᠢᠭᠡ ᠠᠶᠠᠭ᠎ᠠ ᠴᠠᠢ ᠬᠢ ᠭᠡᠬᠦ ᠳ᠋ᠦ᠍ᠨᠢ ᠲᠡᠷᠡ ᠪᠠᠨᠳᠢ᠂ ᠯᠠᠮᠠ ᠶ᠋ᠢᠨ ᠦᠭᠡ ᠵᠠᠬᠢᠶ᠎ᠠ ᠶ᠋ᠢ ᠭᠦᠢᠴᠡᠳᠬᠡᠭᠡᠳ ᠴᠢᠮᠡᠭᠡ ᠦᠭᠡᠢᠬᠡᠨ ᠠᠯᠬᠤᠨ ᠭᠠᠷᠪᠠ᠃ ᠨᠢᠷᠪᠠ ᠯᠠᠮᠪᠠ ᠭᠤᠸᠠᠢ ᠰᠠᠢᠬᠠᠨ ᠦᠨᠦᠷ ᠬᠠᠩᠬᠤᠯᠤᠭᠰᠠᠨ ᠴᠠᠢ ᠪᠠᠨ ᠤᠤᠭᠤᠵᠤ᠂ ᠲᠣᠬᠢᠯᠢᠭ ᠰᠠᠢᠬᠠᠨ ᠵᠠᠰᠠᠭᠰᠠᠨ ᠭᠡᠷ ᠢ᠋ᠶ᠋ᠡᠨ ᠬᠠᠷᠠᠵᠤ᠂ ᠰᠡᠳᠬᠢᠯ ᠳ᠋ᠦ᠍ ᠲᠠᠭᠠᠲᠠᠢ ᠪᠣᠳᠣᠯ ᠪᠣᠳᠣᠪᠠ᠃  
       ᠠᠯᠠᠱᠠᠨ ᠬᠡᠪᠢᠰ ᠲᠣᠭᠣᠷᠢᠭᠤᠯᠭ᠎ᠠ ᠳᠡᠪᠢᠰᠦᠭᠰᠡᠨ ᠵᠢᠷᠭᠤᠭᠠᠨ ᠬᠠᠨ᠎ᠠ ᠲᠠᠢ ᠲᠣᠮᠣ ᠭᠡᠷ ᠲᠦ᠋ᠨᠢ(ᠳ᠋ᠦ᠍ ᠨᠢ) ᠬᠠᠭᠤᠷᠠᠢ᠂ ᠳᠤᠯᠠᠭᠠᠨ᠂ ᠶᠡᠬᠡᠯ᠎ᠡ(ᠶᠡᠬᠡ ᠯᠡ) ᠰᠠᠢᠬᠠᠨ ᠪᠠᠢᠪᠠ᠃ ᠰᠤᠷᠴᠤ ᠳᠠᠳᠤᠭᠰᠠᠨ᠂ ᠠᠷᠭᠠᠯ ᠤ᠋ᠨ ᠠᠶᠠᠲᠠᠢᠬᠠᠨ ᠤᠲᠤᠭᠠᠨ ᠤ᠋ ᠦᠯᠦ ᠮᠡᠳᠡᠭ ᠦᠨᠦᠷ ᠬᠠᠩᠬᠤᠯᠤᠭᠰᠠᠨ᠂ ᠪᠠᠰᠠ ᠪᠤᠷᠬᠠᠨ ᠤ᠋ ᠡᠮᠦᠨ᠎ᠡ ᠮᠥᠩᠭᠥᠨ ᠣᠩᠭᠣᠴᠠᠨ ᠳ᠋ᠤ᠌ ᠪᠠᠭᠠᠭᠢᠵᠤ ᠪᠠᠢᠭᠰᠠᠨ ᠲᠥᠪᠡᠳ ᠬᠦᠷᠡᠩ ᠬᠦᠵᠢᠨ ᠦ᠌ ᠰᠠᠢᠬᠠᠨ ᠦᠨᠦᠷ ᠭᠡᠷ ᠳᠦᠭᠦᠷᠴᠦ᠂ ᠭᠦᠩᠭᠠᠷᠠᠪᠠ ᠶ᠋ᠢᠨ ᠬᠣᠶᠠᠷ ᠲᠠᠯ᠎ᠠ ᠳ᠋ᠤ᠌ ᠪᠠᠢᠭ᠎ᠠ ᠪᠢᠴᠢᠬᠠᠨ ᠽᠠᠨᠳᠠᠨ ᠰᠢᠷᠡᠭᠡᠨ ᠳᠡᠭᠡᠷ᠎ᠡ ᠴᠠᠭ᠂ ᠴᠢᠭ ᠴᠢᠭ (ᠲᠢᠭ ᠲᠠᠭ ᠲᠢᠭ ᠲᠠᠭ)ᠭᠡᠵᠦ ᠳᠤᠤᠭᠠᠷᠴᠤ᠂ ᠭᠡᠷ ᠦ᠋ᠨ ᠲᠥᠪ ᠳᠤᠮᠳᠠ ᠳ᠋ᠤ᠌ ᠭᠢᠯᠠᠯᠵᠠᠭᠰᠠᠨ ᠵᠡᠰ ᠥᠷᠥᠩ ᠳᠡᠭᠡᠷ᠎ᠡ ᠰᠢᠷᠡᠮᠦᠨ ᠵᠤᠤᠬ᠎ᠠ ᠪᠠᠢᠭ᠎ᠠ ᠨᠢ ᠪᠦᠬᠦ ᠠᠢᠮᠠᠭ ᠲᠤ᠌ ᠲᠡᠢᠮᠦ ᠵᠤᠤᠬ᠎ᠠ ᠭᠤᠷᠪᠠ ᠶ᠋ᠢᠨ ᠲᠡᠳᠦᠢ ᠪᠣᠢ᠃ ᠴᠥᠮ ᠡᠷᠳᠡᠨᠢ ᠪᠠᠨᠳᠢᠳ(ᠪᠠᠨᠳᠢᠳᠠ) ᠬᠤᠲᠤᠭᠲᠤ ᠯᠠᠮᠠ ᠶ᠋ᠢᠨ ᠭᠡᠭᠡᠬᠡᠨ(ᠭᠡᠭᠡᠨ) ᠦ᠌ ᠰᠠᠩ ᠵᠢᠰᠠ ᠳ᠋ᠤ᠌ ᠪᠠᠢᠳᠠᠭ ᠭᠡᠵᠦ ᠪᠣᠳᠣᠪᠠ᠃ ᠲᠡᠷᠡ ᠬᠣᠪᠣᠷ ᠰᠣᠨᠢᠨ ᠣᠷᠣᠰ ᠰᠢᠷᠡᠮᠦᠨ ᠵᠤᠤᠬᠠᠨ ᠤ᠋ ᠳᠡᠷᠭᠡᠳᠡ ᠪᠢᠴᠢᠬᠠᠨ ᠬᠣᠪᠣᠩ᠂ ᠭᠠᠯ ᠤ᠋ᠨ ᠰᠠᠢᠬᠠᠨ ᠭᠠᠩ ᠬᠠᠢᠴᠢ᠂ ᠵᠡᠰ ᠥᠷᠥᠩ ᠬᠣᠶᠠᠷ᠂ ᠬᠠᠵᠠᠭᠤ ᠬᠣᠢᠮᠣᠷ ᠢ᠋ᠶ᠋ᠠᠷ ᠲᠤᠰᠬᠠᠢ ᠵᠠᠬᠢᠶ᠎ᠠ ᠪᠠᠷ ᠬᠢᠯᠭᠡᠭᠰᠡᠨ ᠬᠡᠪᠢᠰ ᠣᠯᠪᠣᠭ ᠵᠡᠷᠭᠡ ᠶ᠋ᠢ ᠳᠡᠪᠢᠰᠴᠦ ᠵᠠᠰᠠᠭᠰᠠᠨ ᠪᠠᠢᠳᠠᠯ᠂ ᠰᠡᠢᠯᠦᠮᠡᠯ ᠬᠡ ᠲᠡᠢ ᠥᠷᠭᠡᠨ ᠣᠷᠣᠨ(ᠣᠷᠣ) ᠳᠡᠭᠡᠷ᠎ᠡ ᠲᠠᠪᠤᠨ ᠥᠩᠭᠡ ᠶ᠋ᠢᠨ ᠲᠣᠷᠭ᠎ᠠ ᠪᠠᠷ ᠬᠢᠭᠰᠡᠨ ᠯᠠᠪᠢᠷᠢ ᠪᠠᠢᠬᠤ ᠦᠭᠡᠢ ᠡᠴᠡ ᠪᠢᠰᠢ᠂ ᠪᠤᠰᠤᠳ ᠲᠠᠯ᠎ᠠ ᠪᠠᠷ ᠶᠡᠷᠦ ᠭᠡᠭᠡᠬᠡᠨ (ᠭᠡᠭᠡᠨ) ᠦ᠌ ᠦᠷᠭᠦᠭᠡᠨ ᠡᠴᠡ ᠳᠤᠲᠠᠭᠤ ᠦᠭᠡᠢ ᠬᠡᠷᠡᠭᠯᠡᠯ ᠲᠡᠢ ᠭᠡᠷ ᠠᠵᠢ᠃ ᠭᠡᠭᠡᠬᠡᠨ(ᠭᠡᠭᠡᠨ) ᠦ᠌ ᠦᠷᠭᠦᠭᠡᠨ ᠳ᠋ᠦ᠍ ᠣᠷᠣᠨ ᠳᠡᠭᠡᠷ᠎ᠡ ᠨᠢ ᠯᠠᠪᠢᠷᠢ ᠪᠠᠢᠳᠠᠭ ᠪᠣᠯᠪᠠᠴᠤ ᠡᠷᠬᠡ ᠮᠠᠲᠠᠯ ᠤ᠋ᠨ ᠲᠠᠯ᠎ᠠ ᠪᠠᠷ ᠭᠡᠭᠡᠬᠡᠨ(ᠭᠡᠭᠡᠨ) ᠦ᠌ ᠱᠠᠪᠢ ᠨᠠᠷ ᠤ᠋ᠨ ᠳᠤᠮᠳᠠ᠂ ᠭᠡᠭᠡᠬᠡᠨ (ᠭᠡᠭᠡᠨ)ᠱᠠᠩᠵᠠᠪ ᠬᠣᠶᠠᠷ ᠠ᠋ᠴᠠ ᠪᠢ ᠢᠯᠡᠭᠦᠦ ᠪᠠᠢᠬᠤ᠃ ᠬᠡᠳᠦᠨ ᠵᠠᠭᠤᠨ ᠬᠣᠨᠢᠴᠢᠨ᠂ ᠠᠳᠤᠭᠤᠴᠢᠨ᠂ ᠦᠬᠡᠷᠴᠢᠨ᠂ ᠲᠡᠮᠡᠭᠡᠴᠢᠨ᠂ ᠵᠢᠩᠴᠢᠨ ᠴᠥᠮ ᠶᠠᠭᠤᠮ᠎ᠠ ᠪᠦᠭᠦᠳᠡ ᠡᠴᠡ ᠠᠰᠢᠭ ᠣᠯᠵᠤ ᠴᠢᠳᠠᠳᠠᠭ ᠨᠢᠮᠪᠠᠢ ᠴᠢᠩᠭ᠎ᠠ ᠨᠢᠷᠪᠠ ᠠ᠋ᠴᠠ ᠪᠠᠨ ᠠᠶᠤᠬᠤ ᠠ᠋ᠴᠠ ᠪᠢᠰᠢ᠂ ᠭᠡᠭᠡᠬᠡᠨ (ᠭᠡᠭᠡᠨ)ᠱᠠᠩᠵᠠᠪ ᠬᠣᠶᠠᠷ ᠠ᠋ᠴᠠ ᠲᠡᠭᠡᠲᠡᠯ᠎ᠡ ᠪᠡᠨ ᠠᠶᠤᠳᠠᠭ ᠦᠭᠡᠢ ᠰᠢᠦ ᠳᠡ᠃ ᠡᠷᠳᠡᠨᠢ ᠪᠠᠨᠳᠢᠳ(ᠪᠠᠨᠳᠢᠳᠠ) ᠬᠤᠲᠤᠭᠲᠤ ᠶ᠋ᠢᠨ ᠱᠠᠪᠢ ᠨᠠᠷ ᠤ᠋ᠨ ᠪᠦᠬᠦ ᠨᠤᠲᠤᠭ ᠲᠤ᠌ ᠵᠠᠷᠤᠭᠳᠠᠵᠤ ᠰᠠᠩ ᠵᠢᠰᠠ ᠳ᠋ᠤ᠌ ᠥᠴᠢᠨᠡᠨ ᠲᠥᠴᠢᠨᠡᠨ ᠠᠰᠢᠭ ᠣᠷᠣᠭᠤᠯᠳᠠᠭ ᠮᠥᠩᠭᠥᠨ ᠦ᠌ ᠲᠡᠮᠳᠡᠭᠲᠦ ᠲᠢᠽᠢ ᠴᠦ᠍ ᠪᠠᠰᠠᠯᠠ(ᠪᠠᠰᠠ ᠯᠠ) ᠨᠢᠷᠪᠠ ᠶ᠋ᠢᠨ ᠭᠠᠪᠢᠶ᠎ᠠ ᠪᠢᠰᠢᠦ? ᠯᠠᠮᠠ ᠶ᠋ᠢᠨ ᠭᠡᠭᠡᠭᠡᠨᠲᠡᠨ(ᠭᠡᠭᠡᠨᠲᠡᠨ) ᠤᠷᠢᠳᠤ ᠤᠷᠢᠳᠤ ᠲᠥᠷᠥᠯ ᠳ᠋ᠡᠭᠡᠨ ᠬᠤᠷᠢᠶᠠᠭᠰᠠᠨ ᠴᠠᠭᠯᠠᠰᠢ ᠦᠭᠡᠢ ᠪᠤᠶᠠᠨ ᠤ᠋ ᠬᠦᠴᠦ ᠪᠡᠷ᠂ ᠰᠠᠩ ᠵᠢᠰᠠ ᠶ᠋ᠢᠨ ᠬᠥᠷᠥᠩᠭᠡ ᠠᠷᠪᠢᠵᠢᠭᠤᠯᠤᠭᠴᠢ ᠡᠢᠮᠦ ᠴᠢᠳᠠᠯᠲᠠᠢ (ᠴᠢᠳᠠᠯ ᠲᠠᠢ) ᠨᠢᠷᠪᠠ ᠲᠠᠢ ᠪᠣᠯᠵᠤ ᠭᠡᠬᠦ ᠳ᠋ᠦ᠍ ᠪᠣᠯᠬᠤ ᠪᠢᠵᠡ ᠳᠡ᠃ ᠮᠢᠨᠦ ᠵᠢᠳᠬᠦᠯ ᠦ᠋ᠨ ᠭᠠᠭᠴᠠ ᠨᠢᠭᠡ ᠵᠢᠱ᠌ᠢᠶ᠎ᠡ ᠭᠡᠬᠦ ᠳ᠋ᠦ᠍ ᠮᠣᠩᠭᠣᠯ ᠢ᠋ ᠬᠢᠲᠠᠳ ᠠ᠋ᠴᠠ ᠰᠠᠯᠬᠤ ᠦᠶᠡᠰ ᠲᠦ᠍ ᠬᠡᠴᠢᠨᠡᠨ(ᠬᠡᠴᠢᠨᠡᠭᠡᠨ) ᠣᠷᠣᠯᠭ᠎ᠠ ᠭᠡᠭᠡᠬᠡᠨ(ᠭᠡᠭᠡᠨ) ᠰᠠᠩ ᠳ᠋ᠤ᠌ ᠣᠷᠣᠪᠠ᠃ 
       ᠬᠦᠷᠢᠶᠡᠨ ᠳ᠋ᠦ᠍ ᠪᠣᠭᠳᠠ ᠭᠡᠭᠡᠬᠡᠨ(ᠭᠡᠭᠡᠨ) ᠢ᠋ ᠬᠠᠭᠠᠨ ᠰᠢᠷᠡᠭᠡᠨ ᠳ᠋ᠦ᠍ ᠵᠠᠯᠠᠬᠤ ᠳ᠋ᠤ᠌ ᠪᠠᠰᠠ ᠭᠡᠭᠡᠬᠡᠨ(ᠭᠡᠭᠡᠨ)ᠰᠠᠩ ᠳ᠋ᠤ᠌ ᠪᠢ ᠡᠳᠦᠢ ᠲᠡᠳᠦᠢ ᠣᠷᠣᠯᠭ᠎ᠠ ᠲᠡᠭᠦᠨ ᠦ᠌ ᠳᠡᠯᠢᠮ ᠢ᠋ᠶ᠋ᠡᠷ ᠣᠷᠣᠭᠤᠯᠤᠭᠰᠠᠨ ᠰᠢᠦ ᠳᠡ ᠭᠡᠵᠦ ᠪᠣᠳᠣᠪᠠ᠃ 
       ᠦᠨᠡᠬᠡᠷ᠂ ᠬᠦᠷᠢᠶᠡᠨ ᠦ᠌ ᠬᠤᠲᠤᠭᠲᠤ ᠶ᠋ᠢ ᠬᠠᠭᠠᠨ ᠰᠢᠷᠡᠭᠡᠨ᠎ᠡ ᠰᠠᠭᠤᠬᠤ ᠳ᠋ᠤ᠌᠂ ᠡᠷᠳᠡᠨᠢ ᠪᠠᠨᠳᠢᠳ (ᠪᠠᠨᠳᠢᠳᠠ) ᠬᠤᠲᠤᠭᠲᠤ ᠶ᠋ᠢᠨ ᠰᠠᠩ ᠵᠢᠰᠠ᠂ ᠵᠢᠰᠠ ᠶ᠋ᠢᠨ ᠨᠢᠷᠪᠠ ᠬᠣᠶᠠᠷ ᠶᠡᠬᠡᠯ᠎ᠡ (ᠶᠡᠬᠡ ᠯᠡ) ᠠᠰᠢᠭ ᠣᠯᠵᠠᠢ᠃ ᠯᠠᠮᠠ ᠶ᠋ᠢᠨ ᠭᠡᠭᠡᠬᠡᠨ (ᠭᠡᠭᠡᠨ) ᠦ᠌ ᠬᠡᠢᠳ ᠣᠷᠴᠢᠮ ᠤ᠋ᠨ ᠬᠢᠲᠠᠳ ᠮᠠᠢᠮᠠᠢ ᠨᠠᠷ ᠴᠥᠮ ᠴᠠᠭ ᠤ᠋ᠨ ᠰᠠᠮᠠᠭᠤᠨ ᠳ᠋ᠤ᠌ ᠡᠳ᠋ ᠬᠥᠷᠥᠩᠭᠡ ᠬᠣᠬᠢᠷᠠᠬᠤ ᠠ᠋ᠴᠠ ᠪᠣᠯᠭᠣᠮᠵᠢᠯᠠᠨ ᠦᠨ᠎ᠡ ᠲᠡᠢ(ᠦᠨᠡᠲᠡᠢ)ᠨᠠᠷᠢᠨ ᠪᠠᠷᠠᠭ᠎ᠠ᠂ ᠪᠡᠶ᠎ᠡ ᠮᠥᠩᠭᠥ ᠶ᠋ᠢ ᠬᠠᠳᠠᠭᠠᠯᠠᠵᠤ ᠥᠭᠭᠦᠨᠡᠦ(ᠥᠭᠭᠦᠨ᠎ᠡ ᠤᠤ) ᠭᠡᠵᠦ ᠵᠢᠰᠠ ᠳ᠋ᠤ᠌ ᠠᠪᠴᠢᠷᠠᠵᠤ ᠬᠥᠯᠥᠰᠥ ᠪᠡᠷ ᠬᠠᠳᠠᠭᠠᠯᠠᠭᠤᠯᠤᠨ᠂ ᠨᠢᠷᠪᠠ ᠳ᠋ᠤ᠌ ᠪᠡᠯᠡᠭ ᠪᠠᠷᠢᠴᠠ ᠬᠦᠷᠭᠡᠵᠦ ᠢᠷᠡᠭᠰᠡᠨ ᠪᠢᠯᠡ᠃ 
       ᠵᠠᠷᠢᠮ ᠳ᠋ᠠᠩᠵᠢᠶᠠᠳᠠ(ᠳᠠᠩᠵᠢᠶᠠᠳ) ᠮᠥᠩᠭᠥ ᠪᠡᠨ ᠪᠠᠰᠠ ᠨᠢᠷᠪᠠ ᠳ᠋ᠤ᠌ ᠲᠤᠰᠢᠶᠠᠵᠤ ᠬᠠᠳᠠᠭᠠᠯᠠᠭᠤᠯᠤᠭᠰᠠᠨ ᠡᠭᠦᠨ ᠳ᠋ᠦ᠍᠂ ᠲᠡᠭᠡᠵᠦ ᠮᠥᠩᠭᠥ ᠡᠷᠳᠡᠨᠢ ᠬᠠᠳᠠᠭᠠᠯᠠᠭᠤᠯᠤᠭᠰᠠᠨ ᠳ᠋ᠠᠩᠵᠢᠶᠠᠳ (ᠳᠠᠩᠵᠢᠶᠠᠳ) ᠨᠠᠷ ᠡᠨᠡ ᠴᠥᠪ ᠦ᠋ᠨ ᠴᠠᠭ ᠤ᠋ᠨ ᠰᠠᠮᠠᠭᠤᠨ ᠢ᠋ᠶ᠋ᠠᠷ᠂ ᠠᠷᠤ ᠭᠠᠵᠠᠷ ᠤ᠋ᠨ ᠨᠢᠭᠡᠨ ᠬᠡᠰᠡᠭ ᠢ᠋ ᠮᠠᠨᠵᠤ ᠬᠠᠭᠠᠨ ᠤ᠋ ᠬᠠᠷᠢᠶᠠᠲᠤ᠂ ᠨᠢᠭᠡᠨ ᠬᠡᠰᠡᠭ ᠢ᠋ ᠮᠣᠩᠭᠣᠯ ᠬᠠᠭᠠᠨ ᠤ᠋ ᠬᠠᠷᠢᠶᠠᠲᠤ ᠪᠠᠢᠭ᠎ᠠ ᠦᠶ᠎ᠡ ᠳ᠋ᠦ᠍᠂ ᠴᠠᠭ ᠪᠤᠰᠤ ᠶ᠋ᠢᠨ ᠶᠠᠮᠠᠷ ᠴᠤ᠌ ᠠᠶᠤᠯ ᠳᠠᠭᠠᠷᠢᠵᠤ ᠠᠮᠢ ᠨᠠᠰᠤ《ᠦᠷᠡᠭᠳᠡᠵᠦ》 ᠪᠣᠯᠤᠨ᠎ᠠ ᠰᠢᠦ ᠳᠡ᠃ ᠲᠡᠭᠡᠪᠡᠯ ᠲᠡᠷᠡ ᠶᠡᠬᠡ ᠮᠥᠩᠭᠥ ᠶ᠋ᠢ ᠵᠢᠰᠠ ᠨᠢᠷᠪᠠ ᠬᠣᠶᠠᠷ ᠲᠤ᠌ ᠬᠠᠳᠠᠭᠠᠯᠠᠭᠤᠯᠤᠭᠰᠠᠨ ᠢ᠋ ᠬᠡᠨ ᠲᠡᠷᠡ ᠪᠦᠷ(ᠪᠦᠷᠢ) ᠮᠡᠳᠡᠬᠦ ᠪᠣᠢ? ᠰᠠᠬᠢᠯᠭ᠎ᠠ ᠦᠭᠡᠢ ᠴᠡᠷᠢᠭ᠂ ᠲᠡᠷᠡ ᠳ᠋ᠠᠩᠵᠢᠶᠠᠳᠠ(ᠳᠠᠩᠵᠢᠶᠠᠳ) ᠤ᠋ᠨ ᠵᠠᠷᠢᠮ ᠢ᠋ ᠰᠥᠨᠢ ᠶ᠋ᠢᠨ ᠴᠠᠭ ᠲᠤ᠌ ᠭᠦᠶᠦᠳᠡᠯᠲᠡᠢ ᠬᠡᠭᠡᠷ᠎ᠡ ᠶ᠋ᠢᠨ ᠴᠢᠳᠬᠥᠷ ᠪᠣᠯᠭᠠᠵᠤ ᠪᠣᠯᠵᠣᠰᠢ ᠦᠭᠡᠢ ᠬᠡᠷᠡᠭ᠃ 
       ᠲᠡᠭᠡᠵᠦ ᠪᠣᠳᠣᠵᠤ ᠪᠠᠢᠭᠠᠳ᠂ ᠭᠡᠯᠦᠩ ᠠᠪᠤᠭᠠᠢ ᠤᠯᠢᠶᠠᠰᠤᠲᠠᠢ ᠶ᠋ᠢᠨ ᠮᠠᠨᠵᠤ ᠲᠦᠰᠢᠮᠡᠯ ᠴᠡᠷᠢᠭ ᠢ᠋ ᠪᠠᠭᠤᠵᠤ ᠥᠭᠬᠦ ᠶ᠋ᠢᠨ ᠡᠮᠦᠨ᠎ᠡ᠂ ᠤᠯᠢᠶᠠᠰᠤᠲᠠᠢ ᠶ᠋ᠢᠨ ᠬᠡᠳᠦᠨ ᠪᠠᠶᠠᠨ ᠫᠦᠰᠡᠨ ᠦ᠌ ᠳ᠋ᠠᠩᠵᠢᠶᠠᠳᠠ(ᠳᠠᠩᠵᠢᠶᠠᠳ)ᠨᠠᠷ ᠤ᠋ᠨ ᠵᠢᠷᠦᠬᠡ ᠶ᠋ᠢ ᠠᠮᠠ ᠪᠠᠷ ᠢ᠋ᠶ᠋ᠠᠨ ᠦᠬᠦᠭᠦᠯᠵᠦ᠂ ᠬᠦᠷᠢᠶ᠎ᠡ ᠵᠦᠭ ᠡᠴᠡ ᠤᠯᠢᠶᠠᠰᠤᠲᠠᠢ ᠶ᠋ᠢᠨ ᠵᠠᠩᠵᠤᠨ ᠢ᠋ ᠪᠠᠢᠯᠳᠤᠷ᠎ᠠ ᠢᠷᠡᠵᠦ ᠶᠠᠪᠤᠭ᠎ᠠ ᠳᠣᠭᠰᠢᠨ ᠴᠠᠬᠠᠷ ᠴᠡᠷᠢᠭ᠂ ᠬᠢᠲᠠᠳ ᠢ᠋ ᠬᠦᠢᠰᠦ ᠲᠡᠮᠲᠡᠷᠢᠨ ᠠᠢᠰᠤᠢ ᠭᠡᠵᠦ ᠰᠦᠷᠳᠡᠭᠦᠯᠦᠨ ᠠᠶᠤᠯᠭᠠᠵᠤ ᠠᠰᠢᠭ ᠣᠯᠤᠭᠰᠠᠨ ᠢ᠋ᠶ᠋ᠠᠨ ᠰᠠᠨᠠᠵᠠᠢ᠃ ᠡᠳ᠋ ᠬᠥᠷᠥᠩᠭᠡ᠂ ᠠᠮᠢ ᠪᠡᠶ᠎ᠡ ᠬᠣᠬᠢᠷᠠᠬᠤ ᠠ᠋ᠴᠠ ᠡᠮᠢᠶᠡᠵᠦ ᠪᠠᠢᠭᠰᠠᠨ ᠤᠯᠢᠶᠠᠰᠤᠲᠠᠢ ᠶ᠋ᠢᠨ ᠫᠦᠰᠡᠨ ᠦ᠌ ᠳ᠋ᠠᠩᠵᠢᠶᠠᠳᠠ ᠨᠠᠷ᠂ ᠨᠢᠷᠪᠠ ᠶ᠋ᠢᠨ ᠰᠤᠮᠤ ᠪᠠᠨ ᠬᠠᠷᠪᠤᠭᠠᠳ᠂ ᠨᠤᠮᠤ ᠪᠠᠨ ᠨᠢᠭᠤᠭᠰᠠᠨ ᠢ᠋ ᠶᠠᠭᠠᠬᠢᠨ ᠮᠡᠳᠡᠬᠦ ᠠᠵᠢ᠃ ᠨᠢᠷᠪᠠ ᠶ᠋ᠢ ᠬᠠᠳᠬᠠᠨ(ᠬᠠᠳᠬᠤᠨ) ᠥᠳᠥᠭᠡᠭᠰᠡᠨ ᠢ᠋ᠶ᠋ᠡᠷ ᠬᠣᠶᠠᠷ ᠭᠤᠷᠪᠠᠨ ᠤᠳᠠᠭ᠎ᠠ《ᠦᠯᠦ ᠲᠠᠨᠢᠬᠤ ᠮᠣᠩᠭᠣᠯᠴᠤᠳ》 ᠵᠠᠷᠢᠮ ᠨᠢᠭᠡᠨ ᠫᠦᠰᠡᠨ ᠦ᠌ ᠬᠢᠨ ᠢ᠋ ᠲᠦᠢᠪᠡᠭᠡᠨ ᠰᠠᠨᠳᠤᠷᠭᠠᠭᠰᠠᠨ ᠠ᠋ᠴᠠ ᠬᠣᠢᠰᠢ᠂ ᠳ᠋ᠠᠩᠵᠢᠶᠠᠳᠠ ᠨᠠᠷ ᠤ᠋ᠨ ᠴᠢᠬᠢ ᠨᠡᠯᠢᠶᠡᠳ ᠵᠥᠭᠡᠯᠡᠨ ᠪᠣᠯᠵᠤ᠂ ᠬᠡᠯᠡᠭᠰᠡᠨ ᠦᠭᠡ ᠶ᠋ᠢ ᠬᠦᠯᠢᠶᠡᠨ ᠳᠠᠭᠠᠵᠤ᠂ ᠨᠢᠷᠪᠠ ᠶ᠋ᠢ ᠪᠢᠰᠢᠷᠡᠬᠦ ᠨᠢ ᠢᠯᠠᠩᠭᠤᠶ᠎ᠠ ᠨᠢᠭᠡᠨ ᠰᠥᠨᠢ᠂ ᠨᠢᠷᠪᠠ ᠶ᠋ᠢᠨ ᠪᠠᠭᠤᠭᠰᠠᠨ ᠫᠦᠰᠡᠨ ᠳ᠋ᠦ᠍ ᠲᠠᠨᠢᠬᠤ ᠦᠭᠡᠢ ᠬᠡᠳᠦᠨ ᠰᠠᠮᠠᠭᠤᠨ ᠬᠥᠮᠦᠨ《ᠳᠠᠭᠠᠷᠢᠨ ᠳᠦᠢᠪᠡᠭᠡᠭᠰᠡᠨ》 ᠢ᠋ ᠨᠢᠷᠪᠠ ᠱᠤᠤᠭᠢᠶᠠᠨ ᠳᠡᠭᠳᠡᠭᠰᠡᠨ ᠴᠢᠮᠡᠭᠡ ᠪᠡᠷ ᠳᠣᠲᠣᠭᠠᠳᠤ ᠪᠠᠢᠰᠢᠩ ᠠ᠋ᠴᠠ ᠭᠠᠷᠴᠤ ᠢᠷᠡᠭᠡᠳ᠂ ᠲᠡᠳᠡᠨ ᠳ᠋ᠦ᠍ ᠦᠵᠡᠭᠳᠡᠭᠰᠡᠨ ᠲᠡᠳᠦᠢᠬᠡᠨ ᠢ᠋ᠶ᠋ᠡᠷ ᠲᠡᠷᠡ ᠲᠠᠨᠢᠬᠤ ᠦᠭᠡᠢ ᠬᠡᠳᠦᠨ ᠬᠥᠮᠦᠨ ᠢ᠋《ᠨᠣᠮᠣᠭᠣᠳᠬᠠᠨ( ᠨᠣᠮᠣᠬᠠᠳᠬᠠᠨ)》 ᠵᠠᠢᠯᠠᠭᠤᠯᠵᠤ᠂ ᠣᠳᠣ ᠠᠯᠢ ᠮᠠᠭᠤ ᠪᠠᠨ ᠦᠵᠡᠵᠦ ᠠᠮᠢ ᠠᠯᠳᠠᠯ᠎ᠠ ᠭᠡᠵᠦ ᠰᠠᠨᠳᠤᠷᠤᠨ ᠠᠶᠤᠭᠰᠠᠨ ᠳ᠋ᠠᠩᠵᠢᠶᠠᠳᠠ ᠶ᠋ᠢ《ᠲᠡᠩᠬᠡᠷᠡᠭᠦᠯᠦᠭᠰᠡᠨ》 ᠡᠴᠡ ᠬᠣᠢᠰᠢ ᠫᠦᠰᠡᠨ ᠦ᠌ ᠬᠢᠨ ᠳ᠋ᠦ᠍ ᠪᠦᠷ ᠴᠦ᠍ ᠠᠮᠢᠳᠤ ᠪᠤᠷᠬᠠᠨ ᠰᠢᠭ᠋ ᠪᠣᠯᠵᠤ ᠪᠢᠯᠡ᠃ ᠲᠡᠷᠡ ᠴᠥᠪ ᠦ᠋ᠨ ᠴᠠᠭ ᠲᠤ᠌ ᠠᠯᠠᠭᠤᠯᠬᠤ ᠲᠠᠯᠠᠭᠤᠯᠬᠤ ᠪᠠᠨ ᠬᠦᠯᠢᠶᠡᠨ ᠰᠠᠨᠳᠤᠷᠴᠤ ᠰᠠᠭᠤᠭᠰᠠᠨ ᠠ᠋ᠴᠠ ᠠᠢᠮᠠᠭ ᠳᠣᠲᠣᠷ᠎ᠠ ᠪᠠᠨ ᠲᠡᠷᠢᠭᠦᠨ ᠵᠡᠷᠭᠡ ᠶ᠋ᠢᠨ ᠪᠠᠶᠠᠨ ᠶᠡᠬᠡ ᠬᠡᠢᠳ ᠦ᠋ᠨ ᠨᠢᠷᠪᠠ ᠯᠠᠮᠪᠠ ᠭᠤᠸᠠᠢ ᠲᠠᠢ ᠰᠠᠢᠨ ᠪᠠᠢᠵᠤ᠂ ᠠᠰᠢᠭ ᠪᠠᠬᠠᠨ ᠬᠣᠬᠢᠷᠠᠪᠠᠴᠤ᠂ ᠡᠳ᠋ ᠠᠭᠤᠷᠠᠰᠤᠨ ᠤ᠋ ᠨᠢᠭᠡᠨ ᠬᠡᠰᠡᠭ ᠢ᠋ ᠠᠯᠳᠠᠯ ᠦᠭᠡᠢ ᠠᠮᠢ ᠬᠥᠷᠥᠩᠭᠡ ᠪᠦᠲᠦᠨ ᠭᠠᠷᠪᠠᠯ ᠳᠡᠭᠡᠳᠦ ᠵᠠᠶᠠᠭ᠎ᠠ ᠭᠡᠵᠦ ᠴᠠᠭ ᠲᠥᠷᠥ ᠶ᠋ᠢᠨ ᠲᠦᠭᠰᠢᠭᠦᠷᠢᠲᠡᠢ ᠪᠠᠢᠳᠠᠯ ᠳ᠋ᠤ᠌ ᠰᠠᠨᠳᠤᠷᠤᠭᠰᠠᠨ ᠫᠦᠰᠡᠨ ᠦ᠌ ᠳ᠋ᠠᠩᠵᠢᠶᠠᠳᠠ ᠨᠠᠷ ᠠ᠋ᠴᠠ ᠨᠢᠷᠪᠠ ᠯᠠᠮᠠ ᠲᠡᠷᠡ ᠰᠠᠮᠪᠠᠭ᠎ᠠ ᠪᠠᠷ ᠴᠢᠯᠠᠭᠤ᠂ ᠵᠠᠭᠠᠨ ᠤ᠋ ᠰᠣᠶᠣᠭ᠎ᠠ ᠵᠡᠷᠭᠡ ᠪᠡᠷ ᠬᠢᠭᠰᠡᠨ ᠦᠨ᠎ᠡ ᠶᠡᠬᠡᠲᠡᠢ᠂ ᠴᠠᠮ ᠤ᠋ᠨ ᠭᠣᠶᠣ ᠠᠷᠰᠠᠷ ᠡᠳᠦᠢ ᠲᠡᠳᠦᠢ ᠴᠢᠮᠡᠭᠯᠡᠯ ᠦ᠋ᠨ ᠵᠦᠢᠯ᠂ ᠠᠯᠠᠱᠠᠨ ᠨᠢᠩᠰᠢᠶᠠ ᠬᠡᠪᠢᠰ ᠪᠠᠭᠯᠠᠭ᠎ᠠ ᠪᠠᠭᠯᠠᠭ᠎ᠠ ᠪᠠᠷ᠂ ᠪᠤᠯᠠᠭ᠎ᠠ ᠮᠢᠨᠵᠢ ᠲᠣᠷᠭ᠎ᠠ ᠬᠣᠷᠭᠣᠢ ᠰᠤᠯᠠ ᠬᠢᠮᠳᠠ ᠦᠨ᠎ᠡ ᠪᠡᠷ ᠠᠪᠴᠤ᠂ ᠡᠳᠦᠢ ᠲᠡᠳᠦᠢ ᠲᠡᠮᠡᠭᠡ ᠪᠡᠷ ᠤᠯᠢᠶᠠᠰᠤᠲᠠᠢ ᠠ᠋ᠴᠠ ᠬᠡᠢᠳ ᠲᠡᠭᠡᠨ ᠶᠠᠪᠤᠭᠤᠯᠵᠤ ᠪᠠᠢᠭᠰᠠᠨ ᠪᠢᠯᠡ᠃ ᠤᠯᠢᠶᠠᠰᠤᠲᠠᠢ ᠶ᠋ᠢᠨ ᠮᠠᠨᠵᠤ ᠵᠠᠩᠵᠤᠨ ᠴᠤ᠌ ᠱᠠᠯᠴᠠᠢᠬᠰᠠᠨ ᠬᠣᠢᠨ᠎ᠠ ᠪᠠᠨ ᠵᠠᠮ ᠤ᠋ᠨ ᠵᠠᠷᠤᠳᠠᠯ ᠳ᠋ᠤ᠌ ᠬᠡᠷᠡᠭᠯᠡᠬᠦ ᠮᠥᠩᠭᠥ ᠲᠡᠢ ᠪᠣᠯᠬᠤ ᠭᠡᠵᠦ᠂ ᠤᠷᠢᠳᠤ ᠰᠣᠶᠤᠳ ᠤᠷᠢᠶᠠᠩᠬᠠᠢ ᠭᠥᠷᠥᠭᠡᠴᠢᠨ ᠡᠴᠡ ᠠᠯᠪᠠᠨ ᠳ᠋ᠤ᠌ ᠠᠪᠤᠭᠰᠠᠨ ᠡᠳᠦᠢ ᠲᠡᠳᠦᠢ ᠪᠤᠯᠠᠭ᠎ᠠ ᠪᠠᠨ ᠰᠤᠯᠠ ᠬᠢᠮᠳᠠ ᠪᠠᠷ ᠨᠢᠷᠪᠠ ᠳ᠋ᠤ᠌ ᠥᠭᠬᠦ ᠳ᠋ᠦ᠍ ᠬᠦᠷᠴᠦ ᠪᠢᠯᠡ᠃ ᠲᠡᠭᠦᠨ ᠦ᠌ ᠳᠠᠷᠠᠭ᠎ᠠ ᠪᠠᠷ ᠵᠠᠷᠢᠮ ᠫᠦᠰᠡᠨ ᠦ᠌ ᠳ᠋ᠠᠩᠵᠢᠶᠠᠳᠠ(ᠳᠠᠩᠵᠢᠶᠠᠳ) ᠨᠠᠷ ᠬᠥᠷᠥᠩᠭᠡ ᠪᠡᠶ᠎ᠡ ᠬᠠᠮᠠᠭᠠᠯᠠᠬᠤ ᠪᠢᠴᠢᠭ ᠬᠡᠢᠳ ᠦ᠋ᠨ ᠵᠢᠰᠠ ᠶ᠋ᠢᠨ ᠡᠮᠦᠨ᠎ᠡ ᠡᠴᠡ ᠰᠢᠢᠳᠬᠡᠨ ᠣᠯᠭᠣᠵᠤ ᠥᠭᠭᠦᠨᠡᠦ(ᠥᠭᠭᠦᠨ᠎ᠡ ᠤᠤ) ᠭᠡᠵᠦ ᠨᠢᠷᠪᠠ ᠠ᠋ᠴᠠ ᠭᠤᠶᠤᠵᠤ ᠣᠯᠵᠤ ᠠᠪᠤᠭᠰᠠᠨ ᠪᠢᠯᠡ᠃ ᠵᠠᠷᠢᠮ ᠫᠦᠰᠡᠨ ᠦ᠌ ᠪᠠᠷᠠᠭ᠎ᠠ ᠠᠭᠤᠯᠬᠤ ᠭᠠᠵᠠᠷ᠂ ᠣᠢᠷ᠎ᠠ ᠬᠠᠪᠢ ᠶ᠋ᠢᠨ ᠨᠣᠶᠠᠳ ᠬᠦᠷᠲᠡᠯ᠎ᠡ ᠥᠷᠢ ᠲᠡᠢ ᠪᠠᠢᠭ᠎ᠠ ᠪᠠᠶᠠᠨ ᠨᠢᠷᠪᠠ ᠶ᠋ᠢᠨ ᠲᠢᠽᠢ(ᠭᠠᠷ ᠲᠠᠮᠠᠭ᠎ᠠ— ᠪᠠᠭᠤᠯᠭᠠᠭᠴᠢ ᠠ᠋ᠴᠠ) ᠲᠠᠢ ᠶᠠᠭᠤᠮᠠᠨ ᠳ᠋ᠤ᠌ ᠶᠠᠮᠠᠷ ᠮᠣᠩᠭᠣᠯ ᠬᠥᠮᠦᠨ ᠠᠶᠤᠮᠰᠢᠭ ᠦᠭᠡᠢ ᠭᠠᠷ ᠬᠦᠷᠬᠦ ᠪᠢᠯᠡ ᠭᠡᠵᠦ᠂ ᠨᠢᠷᠪᠠ ᠪᠠᠷ ᠡᠳ᠋ ᠪᠠᠷᠠᠭ᠎ᠠ ᠪᠠᠨ ᠪᠣᠭᠣᠳᠠᠯ ᠪᠣᠭᠣᠳᠠᠯ ᠢ᠋ᠶ᠋ᠠᠷ ᠲᠢᠽᠢᠳᠦᠭᠦᠯᠦᠭᠰᠡᠨ ᠪᠢᠯᠡ᠃ ᠢᠩᠭᠢᠵᠦ ᠠᠮᠢ ᠪᠡᠶ᠎ᠡ᠂ ᠡᠳ᠋ ᠬᠥᠷᠥᠩᠭᠡ ᠬᠠᠮᠠᠭᠠᠯᠠᠬᠤ ᠪᠢᠴᠢᠭ ᠣᠯᠭᠣᠬᠤ᠂ ᠡᠳ᠋ ᠠᠭᠤᠷᠠᠰᠤ ᠶ᠋ᠢ ᠣᠯᠠᠨ ᠤ᠋ ᠬᠠᠯᠳᠠᠨ ᠲᠠᠯᠠᠬᠤ ᠠ᠋ᠴᠠ ᠬᠠᠮᠠᠭᠠᠯᠠᠬᠤ ᠲᠢᠽᠢ ᠳᠠᠷᠤᠬᠤ ᠨᠢ ᠨᠢᠷᠪᠠ ᠯᠠᠮᠠ ᠳ᠋ᠤ᠌ ᠪᠤᠵᠠᠭᠠᠢ ᠠᠰᠢᠭ ᠲᠠᠢ ᠪᠠᠢᠵᠠᠢ᠃  
       ᠠᠶᠤᠨ ᠰᠠᠨᠳᠤᠷᠤᠭᠰᠠᠨ ᠤᠯᠢᠶᠠᠰᠤᠲᠠᠢ ᠶ᠋ᠢᠨ ᠫᠦᠰᠡᠨ ᠦ᠌ ᠳ᠋ᠠᠩᠵᠢᠶᠠᠳᠠ (ᠳᠠᠩᠵᠢᠶᠠᠳ )ᠨᠠᠷ ᠤ᠋ᠨ ᠵᠠᠰᠠᠭ ᠨᠣᠶᠠᠳ ᠬᠣᠰᠢᠭᠤ ᠲᠠᠮᠠᠭ᠎ᠠ ᠶ᠋ᠢᠨ ᠥᠷᠢ ᠰᠢᠷᠢᠨ ᠳ᠋ᠦ᠍ ᠬᠤᠷᠢᠶᠠᠵᠤ ᠠᠪᠤᠭᠠᠳ᠂ ᠠᠢᠯ ᠳ᠋ᠤ᠌ ᠲᠠᠷᠬᠠᠭᠠᠨ ᠥᠭᠴᠦ ᠬᠠᠷᠠᠭᠠᠯᠵᠠᠭᠤᠯᠤᠨ ᠬᠠᠷᠢᠭᠤᠯᠵᠤ ᠪᠠᠢᠭᠰᠠᠨ ᠣᠯᠠᠨ ᠮᠢᠩᠭᠠᠨ ᠬᠣᠨᠢ᠂ ᠲᠡᠮᠡᠭᠡ᠂ ᠠᠳᠤᠭᠤ ᠶ᠋ᠢ ᠪᠠᠷᠤᠭ ᠵᠦᠭᠡᠷ ᠰᠢᠬᠠᠭᠤ ᠣᠯᠵᠤ ᠠᠪᠤᠭᠰᠠᠨ ᠢ᠋ᠶ᠋ᠠᠷ ᠬᠡᠢᠳ ᠦ᠋ᠨ ᠲᠡᠮᠡᠭᠡᠨ ᠰᠦᠷᠦᠭ ᠦ᠋ᠨ ᠲᠣᠭ᠎ᠠ ᠲᠦᠮᠡ ᠬᠦᠷᠦᠭᠰᠡᠨ ᠪᠢᠯᠡ᠃ ᠨᠥᠭᠥᠭᠡᠳᠦᠷ ᠲᠡᠮᠡᠭᠡᠨ ᠰᠦᠷᠦᠭ ᠲᠦᠮᠡ ᠬᠦᠷᠦᠭᠰᠡᠨ ᠦ᠌ ᠶᠡᠬᠡ ᠨᠠᠢᠷ ᠬᠢᠵᠦ ᠪᠤᠤᠷ᠎ᠠ ᠳ᠋ᠠᠭᠠᠨ ᠮᠥᠩᠭᠥᠨ ᠪᠤᠢᠯᠠ ᠵᠡᠭᠦᠬᠦ ᠭᠡᠵᠦ ᠪᠠᠢᠭ᠎ᠠ ᠨᠢ ᠨᠢᠷᠪᠠ ᠯᠠᠮᠠ ᠶ᠋ᠢᠨ ᠠᠵᠢᠯ ᠪᠦᠷᠢ ᠳ᠋ᠦ᠍ ᠨᠢᠮᠪᠠᠢ ᠴᠢᠳᠠᠮᠠᠭᠠᠢ ᠶ᠋ᠢᠨ ᠦᠷ᠎ᠡ ᠪᠣᠯᠪᠠᠰᠤᠷᠠᠯ ᠪᠠᠶᠠᠷ ᠪᠠᠬᠠᠳᠤᠯ ᠰᠢᠦ ᠳᠡ᠃ ᠭᠡᠭᠡᠬᠡᠨ(ᠭᠡᠭᠡᠨ) ᠰᠠᠩ ᠤ᠋ᠨ ᠮᠠᠯ ᠵᠢᠯ ᠢᠷᠡᠬᠦ ᠳᠣᠳᠣᠮ ᠥᠰᠴᠦ᠂ ᠶᠠᠮᠠᠷ ᠴᠤ᠌ ᠵᠤᠳ ᠲᠤ᠌ ᠲᠣᠭᠲᠠᠭᠰᠠᠨ ᠲᠣᠭᠠᠨ ᠠ᠋ᠴᠠ ᠬᠣᠷᠣᠭᠳᠠᠬᠤ ᠦᠭᠡᠢ ᠪᠠᠢᠬᠤ《ᠮᠥᠩᠬᠡ ᠰᠦᠷᠦᠭ》 ᠰᠦᠷᠡᠬᠡᠢ ᠦᠷᠡᠵᠢᠨ ᠥᠰᠴᠦ ᠪᠠᠢᠭ᠎ᠠ ᠨᠢ ᠴᠥᠮ ᠨᠢᠷᠪᠠ ᠯᠠᠮᠠ ᠶ᠋ᠢᠨ ᠮᠡᠷᠡᠢᠨ ᠵᠢᠳᠬᠦᠭᠰᠡᠨ ᠦ᠌ ᠦᠷ᠎ᠡ ᠪᠦᠲᠦᠭᠡᠯ ᠠᠵᠢ᠃ 
       ᠣᠳᠣ᠂ ᠲᠦᠮᠡᠨ ᠲᠡᠮᠡᠭᠡ ᠲᠡᠢ  ᠪᠣᠯᠤᠭᠰᠠᠨ ᠤ᠋ ᠨᠠᠢᠷ ᠬᠢᠬᠦ ᠭᠡᠵᠦ ᠵᠣᠴᠢᠳ ᠲᠤ᠌ ᠵᠣᠷᠢᠭᠤᠯᠤᠨ᠂ ᠴᠠᠰᠤᠨ ᠠ᠋ᠴᠠ ᠴᠠᠭᠠᠨ᠂ ᠮᠥᠰᠥ ᠡᠴᠡ ᠮᠥᠯᠢᠬᠡᠷ ᠰᠢᠨ᠎ᠡ ᠢᠰᠡᠭᠡᠢ ᠳᠡᠭᠡᠪᠦᠷ ᠲᠤᠭᠤᠷᠭ᠎ᠠ ᠲᠠᠢ ᠣᠭᠣᠰᠣᠷ ᠪᠦᠴᠡ ᠦᠭᠡᠢ ᠴᠠᠭᠠᠨ ᠭᠡᠷ ᠬᠡᠳᠦᠨ ᠠᠷᠪᠠ ᠶ᠋ᠢ ᠵᠢᠭᠳᠡᠷᠡᠭᠦᠯᠦᠨ ᠪᠠᠷᠢᠵᠤ᠂ ᠬᠡᠳᠦᠨ ᠠᠷᠪᠠᠨ ᠬᠥᠬᠦᠦᠷ ᠠᠢᠷᠠᠭ᠂ ᠣᠯᠠᠨ ᠵᠣᠴᠢᠨ ᠳ᠋ᠤ᠌ ᠵᠣᠷᠢᠭᠤᠯᠤᠨ ᠵᠡᠬᠡᠭᠡᠰᠦᠲᠡᠢ ᠪᠣᠯᠵᠠᠢ᠃ ᠬᠡᠢᠳ ᠦ᠋ᠨ ᠵᠢᠭᠠᠩ ᠳ᠋ᠤ᠌ * ᠲᠣᠭᠣᠭᠠᠴᠢ ᠨᠠᠷ ᠶᠡᠬᠡ ᠨᠠᠷᠢᠨ ᠢᠳᠡᠭᠡ ᠵᠣᠭᠣᠭ ᠪᠡᠯᠡᠳᠬᠡᠭᠰᠡᠭᠡᠷ ᠳᠣᠯᠣᠭ᠎ᠠ ᠬᠣᠨᠣᠪᠠ᠃ ᠶᠡᠬᠡ ᠱᠠᠪᠢ ᠶ᠋ᠢᠨ ᠡᠷᠳᠡᠨᠢ ᠱᠠᠩᠵᠠᠪ ᠢ᠋ ᠴᠦ᠍᠂ ᠪᠣᠭᠳᠠ  ᠭᠡᠭᠡᠨ ᠢ᠋ᠶ᠋ᠡᠨ ᠡᠷᠳᠡᠨᠢ ᠶ᠋ᠢᠨ ᠰᠢᠷᠡᠭᠡᠨ ᠳ᠋ᠦ᠍ ᠵᠠᠯᠠᠭᠠᠳ ᠬᠢᠵᠦ ᠦᠵᠡᠭᠡ ᠦᠭᠡᠢ ᠳᠠᠯᠠᠢ ᠶᠡᠬᠡ ᠨᠠᠢᠷ ᠬᠤᠷᠢᠮ ᠢ᠋ ᠪᠢ ᠭᠡᠭᠡᠨ ᠰᠠᠩ ᠤ᠋ᠨ ᠲᠦᠮᠡᠨ ᠲᠡᠮᠡᠭᠡᠨ ᠦ᠌ ᠪᠠᠶᠠᠷ ᠢ᠋ᠶ᠋ᠠᠷ ᠬᠢᠨ᠎ᠡ ᠳᠡ᠃ ᠨᠥᠭᠥᠭᠡᠳᠦᠷ᠂ ᠠᠷᠪᠠᠨ ᠲᠠᠪᠤᠳᠤᠭᠠᠷ ᠵᠢᠷᠠᠨ ᠤ᠋ ᠬᠠᠷ᠎ᠠ ᠬᠤᠯᠤᠭᠠᠨ᠎ᠠ ᠵᠢᠯ ᠦ᠋ᠨ ᠴᠠᠭᠠᠨ ᠰᠠᠷ᠎ᠠ ᠶ᠋ᠢᠨ ᠥᠯᠵᠡᠢ ᠬᠤᠲᠤᠭ ᠪᠦᠷᠢᠳᠦᠭᠰᠡᠨ ᠠᠷᠪᠠᠨ ᠲᠠᠪᠤᠨ ᠤ᠋ ᠡᠳᠦᠷ᠂ ᠭᠡᠭᠡᠨ ᠰᠠᠩ ᠤ᠋ᠨ ᠲᠦᠮᠡᠨ ᠲᠡᠮᠡᠭᠡᠨ ᠦ᠌ ᠲᠡᠷᠢᠭᠦᠨ ᠪᠣᠯᠤᠭᠰᠠᠨ᠂ ᠬᠠᠢᠷᠰᠤᠲᠤ ᠭᠥᠷᠦᠭᠡᠰᠦᠨ ᠦ᠌ ᠬᠡᠯᠪᠡᠷᠢᠲᠡᠢ ᠬᠠᠯᠬ᠎ᠠ ᠳᠠᠶᠠᠭᠠᠷ ᠲᠤ᠌ ᠵᠠᠭᠠᠨ ᠭᠡᠭᠳᠡᠬᠦ᠂ ᠠᠯᠲᠠᠨ ᠪᠤᠷᠠᠨᠲᠠᠭ ᠢ᠋ᠶ᠋ᠠᠷ ᠠᠮᠠᠭᠠᠢᠴᠢᠯᠠᠭᠰᠠᠨ᠂ ᠠᠷᠰᠯᠠᠨ ᠪᠠᠷᠰ ᠤ᠋ᠨ ᠬᠦᠴᠦᠨ ᠪᠦᠷᠢᠳᠦᠭᠰᠡᠨ ᠯᠤᠤ ᠶ᠋ᠢᠨ ᠵᠣᠭᠳᠣᠷᠲᠦ ᠯᠤᠲᠤ ᠶᠡᠬᠡ ᠪᠤᠤᠷ᠎ᠠ ᠳ᠋ᠠᠭᠠᠨ ᠮᠥᠩᠭᠥᠨ ᠪᠤᠢᠯᠠ ᠵᠡᠭᠦᠬᠦ ᠶᠡᠬᠡ ᠶᠣᠰᠣᠯᠠᠯ ᠢ᠋ᠶ᠋ᠠᠷ ᠬᠤᠷᠠᠨ ᠴᠤᠭᠯᠠᠭᠰᠠᠨ (ᠴᠤᠭᠯᠠᠷᠠᠭᠰᠠᠨ)᠂ ᠰᠢᠷ᠎ᠠ ᠬᠠᠷ᠎ᠠ ᠣᠯᠠᠨ ᠳᠠᠶᠠᠭᠠᠷ᠂ ᠨᠢᠷᠪᠠ ᠶ᠋ᠢᠨ ᠡᠷᠳᠡᠨᠢ ᠪᠡᠷ ᠪᠥᠭᠡᠯᠵᠢᠭᠴᠢ ᠠᠮᠠ ᠴᠠᠭᠠᠨ ᠬᠤᠯᠤᠭᠠᠨ᠎ᠠ ᠰᠢᠭ᠋ ᠡᠴᠡᠬᠦ ᠴᠤᠴᠠᠬᠤ ᠶ᠋ᠢ ᠮᠡᠳᠡᠬᠦ ᠦᠭᠡᠢ ᠮᠡᠷᠡᠢᠵᠦ᠂ ᠭᠡᠭᠡᠨ ᠦ᠌ ᠰᠠᠩ ᠢ᠋ ᠨᠠᠢ᠍ᠮᠠᠨ ᠨᠠᠮᠰᠠᠷᠠᠢ ᠰᠢᠭ᠋ ᠪᠠᠶᠠᠨ᠂ ᠣᠯᠠᠨ ᠱᠠᠪᠢ ᠨᠠᠷ ᠢ᠋ ᠨᠠᠢᠳᠠᠩ ᠵᠦᠳᠡᠭ ᠰᠢᠭ ᠥᠨᠢᠷ ᠪᠣᠯᠭᠠᠭᠰᠠᠨ ᠢ᠋ ᠨᠢᠳᠦ ᠪᠡᠷ ᠢ᠋ᠶ᠋ᠡᠨ ᠦᠵᠡᠨ᠎ᠡ ᠳᠡ᠃  
       ᠵᠠ᠂ ᠲᠡᠷᠡ ᠣᠯᠠᠨ ᠬᠣᠨᠢᠴᠢᠨ᠂ ᠠᠳᠤᠭᠤᠴᠢᠨ᠂ ᠲᠡᠮᠡᠭᠡᠴᠢᠨ᠂ ᠦᠬᠡᠷᠴᠢᠨ ᠳ᠋ᠦ᠍ ᠨᠠᠢᠷ ᠢ᠋ ᠤᠭᠲᠤᠭᠤᠯᠤᠨ᠂ ᠨᠢᠭᠡ ᠨᠢᠭᠡ ᠬᠣᠨᠢ ᠥᠭᠭᠦᠰᠢᠲᠡᠢ(ᠦᠭᠭᠦᠰᠢᠲᠡᠢ) ᠪᠠᠢᠨ᠎ᠠ᠃ ᠥᠴᠦᠬᠡᠨ ᠳᠣᠣᠷᠠᠳᠤᠰ ᠮᠣᠩᠭᠣᠯ ᠤ᠋ᠨ ᠬᠠᠭᠠᠨ᠂ ᠡᠷᠳᠡᠨᠢ ᠶ᠋ᠢᠨ ᠰᠢᠷᠡᠭᠡᠨ ᠳ᠋ᠦ᠍ ᠰᠠᠭᠤᠭᠠᠳ᠂ ᠲᠡᠳᠡᠨ ᠢ᠋ ᠵᠢᠷᠭᠠᠭᠤᠯᠤᠨ᠎ᠠ ᠭᠡᠵᠦ ᠬᠦᠰᠡᠨ ᠡᠷᠢᠵᠦ ᠪᠠᠢᠭ᠎ᠠ ᠤᠷᠮ᠎ᠠ ᠳ᠋ᠤᠨᠢ ᠪᠠᠭ᠎ᠠ ᠵᠡᠷᠭᠡ ᠶᠠᠭᠤᠮ᠎ᠠ ᠥᠭᠪᠡᠯ᠂ ᠨᠠᠳᠠ ᠬᠡᠷᠡᠭ ᠪᠣᠯᠤᠨ᠎ᠠ ᠭᠡᠵᠦ ᠰᠢᠷᠡᠭᠡᠨ ᠳᠡᠭᠡᠷ᠎ᠡ ᠡᠴᠡ ᠥᠪᠡᠷ ᠦ᠋ᠨ ᠵᠢᠵᠢᠭ ᠬᠥᠭᠡᠷᠦᠬᠦᠨ ᠰᠤᠸᠠᠮᠫᠠᠨ ᠠᠪᠤᠭᠠᠳ ᠬᠡᠳᠦ ᠨᠢᠰᠠᠯᠵᠤ᠂ ᠲᠣᠯᠣᠭᠠᠢ ᠪᠠᠨ ᠰᠡᠭᠰᠦᠷᠦᠨ᠂ ᠲᠡᠷᠡ ᠬᠣᠭᠣᠰᠣᠨ ᠨᠣᠢᠲᠠᠨ ᠭᠤᠢᠯᠢᠨᠴᠢᠨ ᠳ᠋ᠤ᠌ ᠨᠢᠭᠡ ᠨᠢᠭᠡ ᠬᠣᠨᠢ ᠭᠡᠬᠦ ᠳ᠋ᠦ᠍ᠨᠢ ᠬᠡᠳᠦᠨ ᠵᠠᠭᠤᠨ ᠬᠣᠨᠢ ᠥᠭᠬᠦ ᠬᠡᠷᠡᠭᠲᠡᠢ ᠪᠣᠯᠬᠤ ᠨᠢ᠄ ᠵᠠ ᠶᠠᠭᠠᠬᠢᠬᠤ ᠪᠣᠢ᠃ ᠨᠢᠳᠤᠨᠤᠨ ᠬᠠᠪᠤᠷ ᠤ᠋ᠨ ᠪᠠᠷᠤᠭ ᠪᠦᠬᠦ ᠲᠥᠯ ᠪᠣᠢᠵᠢᠭᠤᠯᠵᠤ ᠠᠪᠤᠭᠰᠠᠨ ᠪᠢᠯᠡ᠃ ᠪᠠᠰᠠ ᠣᠨ ᠤ᠋ ᠰᠢᠪᠲᠤᠷᠠᠭ᠎ᠠ ᠪᠠᠷ ᠬᠢᠲᠠᠳ ᠠ᠋ᠴᠠ ᠰᠤᠯᠠ ᠬᠢᠮᠳᠠ ᠦᠨ᠎ᠡ ᠪᠡᠷ ᠠᠪᠤᠭᠰᠠᠨ ᠬᠣᠰᠢᠭᠠᠳ ᠮᠢᠩᠭᠠᠨ ᠬᠣᠨᠢ ᠨᠡᠮᠡᠭᠳᠡᠵᠦ ᠶᠡᠷᠦ ᠡᠨᠡ ᠬᠠᠪᠤᠷ ᠤ᠋ᠨ ᠲᠠᠷᠴᠢᠭ ᠴᠠᠭ ᠢ᠋ᠶ᠋ᠠᠷ ᠴᠠᠭᠠᠨ ᠰᠠᠷ᠎ᠠ ᠲᠣᠬᠢᠶᠠᠯᠳᠤᠵᠤ ᠨᠢᠭᠡ ᠨᠢᠭᠡ ᠬᠣᠨᠢ ᠥᠭᠬᠦ ᠳ᠋ᠦ᠍ ᠭᠡᠮ ᠴᠦ᠍ ᠦᠭᠡᠢ ᠪᠠᠢᠬ᠎ᠠ᠃ ᠠᠶᠠᠭᠠᠨ ᠤ᠋ ᠬᠠᠷᠢᠭᠤ ᠡᠳᠦᠷ ᠲᠡᠭᠡᠨ(ᠳ᠋ᠦ᠍ ᠪᠡᠨ) ᠭᠡᠵᠦ᠂ ᠬᠣᠨᠢ ᠬᠤᠷᠠᠭᠠᠯᠠᠬᠤ ᠴᠠᠭ ᠢ᠋ᠶ᠋ᠠᠷ ᠬᠢᠴᠢᠶᠡᠬᠦ ᠨᠢ ᠤᠯᠠᠮ ᠰᠠᠢᠨ ᠪᠣᠯᠬᠤ ᠪᠣᠢ ᠭᠡᠵᠦ ᠪᠣᠳᠣᠪᠠ᠃ 
                   *               *              *  
       ᠯᠠᠮᠠ ᠶ᠋ᠢᠨ ᠭᠡᠭᠡᠬᠡᠨ(ᠭᠡᠭᠡᠨ) ᠦ᠌ ᠰᠠᠩ᠂ ᠲᠦᠮᠡᠨ ᠲᠡᠮᠡᠭᠡᠨ ᠦ᠌ ᠨᠠᠢᠷ ᠬᠢᠬᠦ ᠨᠢ ᠭᠡᠵᠦ ᠣᠢᠷ᠎ᠠ ᠬᠠᠪᠢ ᠪᠠᠷ ᠲᠠᠷᠬᠠᠵᠤ᠂ ᠬᠦᠨᠳᠦᠲᠦ ᠵᠣᠴᠢᠳ ᠲᠤ᠌ ᠤᠷᠢᠯ ᠵᠠᠯᠠᠯᠠᠯ(ᠵᠠᠯᠠᠯ) ᠠᠢᠯᠠᠳᠬᠠᠵᠤ᠂ ᠤᠷᠢᠯᠭ᠎ᠠ ᠦᠭᠡᠢ ᠨᠢᠭᠡ ᠨᠢ ᠥᠪᠡᠷᠰᠡᠳ ᠢ᠋ᠶ᠋ᠡᠨ ᠭᠣᠷᠢᠳᠠᠵᠤ᠂ ᠴᠠᠭᠠᠨ ᠰᠠᠷ᠎ᠠ ᠶ᠋ᠢᠨ ᠠᠷᠪᠠᠨ ᠲᠠᠪᠤᠨ ᠤ᠋ ᠬᠤᠷᠠᠯ ᠢ᠋ᠶ᠋ᠠᠷ ᠬᠡᠢᠳ ᠢ᠋ᠶ᠋ᠡᠷ ᠳᠦᠭᠦᠷᠡᠩ ᠮᠥᠷᠭᠥᠯᠴᠢᠨ ᠵᠣᠴᠢᠨ ᠪᠣᠯᠵᠤ᠂ ᠭᠡᠭᠡᠬᠡᠨ(ᠭᠡᠭᠡᠨ) ᠰᠠᠩ ᠤ᠋ᠨ ᠬᠠᠪᠢ ᠳ᠋ᠤ᠌ ᠭᠣᠶᠣᠯ ᠤ᠋ᠨ ᠬᠤᠪᠴᠠᠰᠤ ᠲᠠᠢ ᠰᠢᠷ᠎ᠠ᠂ ᠬᠠᠷ᠎ᠠ ᠣᠯᠠᠨ ᠴᠤᠭᠯᠠᠵᠤ᠂ ᠬᠥᠯ ᠲᠡᠢ ᠨᠢ ᠬᠥᠯᠬᠢᠨ᠂ ᠬᠥᠯ ᠦᠭᠡᠢ ᠨᠢ ᠮᠥᠯᠬᠥᠵᠦ ᠪᠠᠢᠪᠠ᠃ 
       ᠰᠥᠭᠦᠳᠦᠭᠦᠯᠦᠨ ᠬᠡᠪᠲᠡᠭᠦᠯᠦᠭᠰᠡᠨ᠂ ᠪᠦᠳᠦᠭᠦᠨ ᠪᠡᠶ᠎ᠡ ᠲᠡᠢ᠂ ᠬᠤᠷᠴᠠ ᠨᠢᠳᠦ ᠲᠡᠢ᠂ ᠮᠣᠩᠬᠣᠷ ᠬᠣᠩᠰᠢᠶᠠᠷ ᠲᠠᠢ᠂ ᠪᠣᠰᠤᠭ᠎ᠠ ᠪᠦᠬᠦ ᠲᠡᠢ᠂ ᠵᠣᠭᠳᠣᠷ ᠶᠡᠬᠡᠲᠡᠢ(ᠶᠡᠬᠡ ᠲᠡᠢ)ᠪᠤᠤᠷ᠎ᠠ ᠳ᠋ᠤ᠌ ᠮᠥᠩᠭᠥᠨ ᠪᠤᠢᠯᠠ ᠶᠣᠰᠣᠯᠠᠨ ᠵᠡᠭᠦᠭᠰᠡᠨ ᠬᠣᠢᠨ᠎ᠠ᠂ ᠬᠡᠢᠳ ᠦ᠋ᠨ ᠣᠯᠠᠨ ᠱᠠᠪᠢ ᠨᠠᠷ᠂ ᠴᠤᠭᠯᠠᠨ ᠢᠷᠡᠭᠰᠡᠨ ᠣᠯᠠᠨ ᠵᠣᠴᠢᠨ᠂ ᠡᠷᠡᠭᠲᠡᠢ ᠡᠮᠡᠭᠲᠡᠢ ᠬᠥᠮᠦᠨ ᠴᠤᠪᠤᠯᠳᠤᠨ᠂ ᠪᠤᠤᠷ᠎ᠠ ᠳ᠋ᠤ᠌ ᠬᠠᠳᠠᠭ ᠴᠢᠮᠡᠭ ᠵᠡᠭᠦᠵᠦ ᠡᠬᠢᠯᠡᠪᠡ᠃ 
       ᠭᠡᠭᠡᠬᠡᠨ(ᠭᠡᠭᠡᠨ) ᠳ᠋ᠦ᠍ ᠪᠠᠶᠠᠷ ᠢ᠋ ᠢᠯᠡᠷᠬᠡᠢᠯᠡᠬᠦ ᠭᠡᠵᠦ ᠢᠷᠡᠭᠰᠡᠨ ᠨᠣᠶᠠᠳ ᠲᠦᠰᠢᠮᠡᠳ ᠮᠢᠨᠳᠠᠭᠲᠠᠨ ᠲᠤᠰᠢᠶᠠᠯᠲᠠᠨ ᠯᠠᠮᠠ ᠨᠠᠷ᠂ ᠬᠥᠳᠡᠭᠡ ᠶ᠋ᠢᠨ ᠪᠠᠶᠠᠴᠤᠳ᠂ ᠫᠦᠰᠡᠨ ᠦ᠌ ᠳ᠋ᠠᠩᠵᠢᠶᠠᠳᠠ(ᠳᠠᠩᠵᠢᠶᠠᠳ) ᠨᠠᠷ ᠤᠷᠲᠤ ᠤᠷᠲᠤ ᠭᠡᠭᠴᠢ ᠶ᠋ᠢᠨ ᠨᠠᠩᠵᠢᠳ ᠬᠠᠳᠠᠭ ᠵᠡᠭᠦᠵᠦ᠂ ᠶᠠᠳᠠᠭᠤ ᠬᠣᠨᠢᠴᠢᠨ᠂ ᠭᠥᠷᠥᠭᠡᠴᠢᠨ᠂ ᠭᠤᠢᠯᠢᠨᠴᠢᠨ ᠭᠤᠯᠢᠷ ᠲᠦᠷᠬᠢᠭᠰᠡᠨ ᠰᠡᠢᠮᠡᠬᠡᠢ ᠴᠠᠭᠠᠨ ᠰᠠᠮᠪᠠᠢ ᠬᠠᠳᠠᠭ ᠵᠡᠭᠦᠵᠦ᠂ ᠰᠢᠷ᠎ᠠ᠂ ᠤᠯᠠᠭᠠᠨ᠂ ᠨᠣᠭᠣᠭᠠᠨ᠂ ᠴᠠᠭᠠᠨ ᠥᠩᠭᠡ ᠶ᠋ᠢᠨ ᠬᠠᠳᠠᠭ ᠢ᠋ᠶ᠋ᠠᠷ ᠠᠯᠠᠭᠯᠠᠭᠤᠯᠤᠭᠰᠠᠨ ᠴᠡᠩᠬᠡᠷ ᠣᠪᠣᠭ᠎ᠠ ᠪᠤᠰᠬᠠᠭᠰᠠᠨ ᠶᠠᠭᠤᠮ᠎ᠠ(ᠶᠤᠮ) ᠰᠢᠭ᠋ ᠪᠤᠤᠷ᠎ᠠ ᠶ᠋ᠢ ᠪᠦᠷᠬᠦᠲᠡᠯ᠎ᠡ ᠣᠪᠣᠭᠠᠯᠠᠭᠰᠠᠨ ᠳᠤᠮᠳᠠ ᠠ᠋ᠴᠠ ᠭᠠᠭᠴᠠ ᠬᠦ᠌ ᠬᠡᠢᠳ ᠦ᠋ᠨ ᠰᠦᠮ᠎ᠡ ᠳᠤᠭᠠᠩ ᠤ᠋ᠨ ᠣᠷᠣᠢ ᠳᠡᠭᠡᠷᠡᠬᠢ ᠪᠠᠷᠢᠮᠠᠯ ᠯᠤᠤ ᠶ᠋ᠢᠨ ᠲᠣᠯᠣᠭᠠᠢ ᠰᠢᠭ᠋ ᠰᠦᠷᠲᠡᠢ ᠪᠠᠷᠠᠭᠠᠨ ᠵᠣᠭᠳᠣᠷᠲᠤ ᠲᠣᠯᠣᠭᠠᠢ ᠨᠢ ᠴᠤᠬᠤᠢᠵᠤ ᠪᠠᠢᠪᠠ᠃ 
       ᠭᠣᠶᠣ ᠭᠣᠶᠣ ᠬᠤᠪᠴᠠᠰᠤ ᠲᠠᠢ ᠵᠣᠩᠬᠢᠯᠠᠭᠴᠢ ᠯᠠᠮᠠ ᠨᠠᠷ᠂ ᠬᠦᠨᠳᠦᠲᠦ ᠵᠣᠴᠢᠳ ᠢ᠋ ᠮᠡᠬᠦᠢᠨ ᠶᠣᠰᠣᠯᠠᠵᠤ ᠲᠤᠩ ᠴᠠᠭᠠᠨ ᠭᠡᠷ ᠲᠦ᠍ ᠣᠷᠣᠭᠤᠯᠪᠠ᠃ ᠣᠨᠴᠠ ᠬᠦᠨᠳᠦᠲᠡᠢ ᠵᠣᠴᠢᠳ ᠢ᠋ ᠨᠢᠷᠪᠠ ᠯᠠᠮᠠ ᠭᠤᠸᠠᠢ ᠥᠪᠡᠷ ᠦ᠋ᠨ ᠪᠡᠶ᠎ᠡ ᠪᠡᠷ ᠲᠣᠰᠴᠤ᠂ ᠮᠠᠰᠢ ᠡᠶᠡᠯᠳᠡᠭ ᠢ᠋ᠶ᠋ᠡᠷ ᠢᠨᠢᠶᠡᠮᠰᠦᠭᠯᠡᠨ᠂ ᠭᠡᠭᠡᠬᠡᠨ(ᠭᠡᠭᠡᠨ) ᠦ᠌ ᠭᠣᠶᠣᠯ ᠤ᠋ᠨ ᠰᠠᠢᠬᠠᠨ ᠦᠷᠭᠦᠭᠡᠨ ᠳ᠋ᠦ᠍ ᠵᠠᠯᠠᠪᠠ᠃ ᠵᠢᠷ ᠦ᠋ᠨ ᠵᠣᠴᠢᠨ᠂ ᠡᠭᠡᠯ ᠮᠠᠯᠴᠢᠨ ᠠᠷᠠᠳ᠂ ᠬᠡᠢᠳ ᠦ᠋ᠨ ᠰᠦᠷᠦᠭᠴᠢᠨ᠂ ᠬᠣᠨᠢᠴᠢᠨ᠂ ᠦᠬᠡᠷᠴᠢᠨ᠂ ᠠᠳᠤᠭᠤᠴᠢᠨ᠂ ᠲᠡᠮᠡᠭᠡᠴᠢᠨ ᠢ᠋ ᠵᠢᠷ ᠦ᠋ᠨ ᠵᠣᠴᠢᠳ ᠲᠤ᠌ ᠵᠣᠷᠢᠭᠤᠯᠤᠭᠰᠠᠨ ᠭᠡᠷ ᠵᠢᠭᠠᠵᠤ᠂ ᠣᠯᠠᠨ ᠭᠡᠷ ᠦ᠋ᠨ ᠡᠭᠦᠳᠡᠨ ᠳ᠋ᠦ᠍ ᠵᠣᠴᠢᠳ ᠤᠭᠲᠤᠬᠤ ᠯᠠᠮᠠ ᠨᠠᠷ ᠡᠷᠢᠮᠪᠡ(ᠡᠷᠡᠮᠪᠡ) ᠵᠡᠷᠭᠡ ᠪᠡᠷ ᠨᠢ ᠢᠯᠭᠠᠨ ᠰᠠᠯᠭᠠᠵᠤ᠂ ᠲᠦᠮᠡᠨ ᠨᠥᠬᠥᠭᠡᠰᠦ ᠪᠣᠯᠤᠭᠰᠠᠨ ᠳᠡᠪᠡᠯ ᠲᠡᠢ ᠶᠠᠳᠠᠭᠤ ᠭᠤᠢᠯᠢᠨᠴᠢᠨ ᠵᠣᠴᠢᠳ ᠢ᠋ ᠲᠤᠰᠬᠠᠢ ᠶᠠᠳᠠᠭᠤᠰ ᠤ᠋ᠨ ᠭᠡᠷ ᠲᠦ᠍ ᠢᠯᠭᠠᠨ ᠣᠷᠣᠭᠤᠯᠵᠤ ᠪᠠᠢᠪᠠ᠃ ᠡᠪᠦᠭᠡᠨ ᠯᠣᠣᠵᠠᠩ ᠲᠡᠭᠦᠨ ᠢ᠋ ᠦᠵᠡᠭᠡᠳ᠂ ᠵᠢᠷ ᠦ᠋ᠨ ᠮᠠᠯᠴᠢᠨ᠂ ᠭᠡᠭᠡᠬᠡᠨ(ᠭᠡᠭᠡᠨ) ᠰᠠᠩ ᠤ᠋ᠨ ᠬᠣᠨᠢᠴᠢᠨ ᠤ᠋ ᠭᠡᠷ ᠲᠦ᠍ ᠣᠷᠣ ᠭᠡᠵᠦ ᠵᠢᠭᠠᠯᠭᠠᠨ ᠣᠷᠣᠬᠤ ᠳ᠋ᠠᠭᠠᠨ(ᠳ᠋ᠤ᠌ ᠪᠠᠨ)ᠵᠣᠩᠬᠢᠯᠠᠭᠴᠢ ᠯᠠᠮᠠ ᠶ᠋ᠢ ᠦᠭᠡ ᠪᠡᠷ ᠴᠣᠬᠢᠵᠤ᠄ 
       — ᠡᠷᠬᠢᠮ ᠯᠠᠮᠪᠠ ᠭᠤᠸᠠᠢ ᠮᠢᠨᠢ᠂ ᠬᠥᠮᠦᠨ ᠢ᠋ ᠡᠷᠡᠮᠪᠡ ᠵᠡᠷᠭᠡ ᠪᠡᠷ ᠢᠯᠭᠠᠬᠤ ᠳ᠋ᠠᠭᠠᠨ(ᠳ᠋ᠤ᠌ ᠪᠠᠨ) ᠮᠥᠨ ᠴᠦ᠍ ᠰᠤᠷᠤᠮᠠᠭᠠᠢ(ᠰᠤᠷᠮᠠᠭᠠᠢ)᠂ ᠰᠦᠷᠡᠬᠡᠢ ᠴᠢᠳᠠᠯ ᠲᠠᠢ ᠪᠠᠢᠬᠤ ᠰᠢᠪ ᠳᠡ ᠲᠠ ᠮᠢᠨᠢ᠃ ᠡᠷᠯᠢᠭ ᠨᠣᠮᠣᠨ ᠬᠠᠭᠠᠨ᠂ ᠰᠢᠨᠵᠠ ᠴᠤ᠌ ᠭᠡᠰᠡᠨ ᠬᠠᠷ᠎ᠠ ᠴᠠᠭᠠᠨ ᠢ᠋ ᠢᠯᠭᠠᠬᠤ ᠳ᠋ᠠᠭᠠᠨ(ᠳ᠋ᠤ᠌ ᠪᠠᠨ)᠂ ᠲᠠᠨ ᠰᠢᠭ᠋ ᠢᠩᠭᠢᠵᠦ ᠢᠯᠭᠠᠵᠤ ᠴᠢᠳᠠᠬᠤ ᠦᠭᠡᠢ ᠪᠠᠢᠬᠤ ᠭᠡᠵᠦ ᠬᠡᠯᠡᠭᠡᠳ᠂ ᠡᠭᠡᠯ ᠵᠣᠴᠢᠳ ᠤ᠋ᠨ ᠭᠡᠷ ᠲᠦ᠍ ᠨᠠᠰᠤᠨ ᠠᠬᠠᠮᠠᠳ ᠢ᠋ᠶ᠋ᠠᠷ ᠬᠣᠢᠮᠣᠷ ᠰᠠᠭᠤᠵᠤ᠂ ᠬᠣᠭᠣᠯᠠᠢ ᠪᠠᠨ ᠵᠠᠰᠠᠭᠠᠳ᠂ ᠬᠢᠲᠤᠭ᠎ᠠ ᠪᠠᠨ ᠭᠠᠷᠭᠠᠵᠤ᠂ 
       — ᠵᠠ᠂ ᠪᠣᠷᠣ ᠴᠤ᠌ ᠪᠣᠯ ᠪᠣᠭᠳᠠ ᠶ᠋ᠢᠨ ᠵᠣᠭᠣᠭ᠂ ᠬᠠᠷ᠎ᠠ ᠴᠤ᠌ ᠪᠣᠯ ᠬᠠᠭᠠᠨ ᠤ᠋ ᠵᠣᠭᠣᠭ ᠭᠡᠵᠦ ᠥᠭᠡᠬᠦ ᠪᠠᠭ᠎ᠠ ᠲᠠᠢ ᠬᠠᠷ᠎ᠠ ᠮᠢᠬ᠎ᠠ᠂ ᠲᠡᠷᠡ ᠭᠡᠷ ᠦ᠋ᠨ ᠵᠣᠴᠢᠳ ᠲᠤ᠌ ᠲᠠᠯᠪᠢᠭᠰᠠᠨ ᠢ᠋ ᠪᠢᠲᠡᠭᠦᠦ ᠶᠣᠭᠲᠠᠯᠠᠪᠠᠯ᠂ ᠡᠭᠦᠳᠡᠨ ᠳᠡᠭᠡᠷ᠎ᠡ ᠪᠠᠢᠭᠰᠠᠨ ᠵᠣᠩᠬᠢᠯᠠᠭᠴᠢ ᠯᠠᠮᠠ ᠰᠣᠨᠣᠰᠴᠤ ᠡᠪᠦᠭᠡᠨ ᠦ᠌ ᠦᠭᠡ ᠳᠠᠯᠳᠠᠭᠤᠷ ᠳᠠᠭᠠᠷᠢᠭᠰᠠᠨ ᠤᠳᠬ᠎ᠠ ᠲᠠᠢ ᠶ᠋ᠢ ᠮᠡᠳᠡᠭᠡᠳ᠂ ᠭᠡᠭᠡᠬᠡᠨ(ᠭᠡᠭᠡᠨ) ᠰᠠᠩ ᠤ᠋ᠨ ᠨᠡᠷ᠎ᠡ ᠶ᠋ᠢ ᠪᠣᠳᠣᠵᠤ᠂ ᠨᠢᠭᠡ ᠪᠠᠨᠳᠢ ᠶ᠋ᠢ ᠬᠦᠨᠳᠦᠲᠦ ᠵᠣᠴᠢᠳ ᠤ᠋ᠨ ᠭᠡᠷ ᠲᠦ᠍ ᠣᠷᠣᠭᠤᠯᠬᠤ ᠭᠡᠵᠦ ᠲᠣᠮᠣ ᠮᠥᠩᠭᠥᠨ ᠴᠠᠷ᠎ᠠ ᠳᠡᠭᠡᠷ᠎ᠡ ᠠᠭᠤᠷ ᠪᠠᠭᠠᠭᠢᠭᠰᠠᠨ ᠲᠠᠷᠭᠤᠨ ᠬᠣᠨᠢᠨ ᠤ᠋ ᠤᠭᠤᠴᠠ ᠲᠠᠯᠪᠢᠭᠠᠳ ᠠᠪᠴᠤ ᠶᠠᠪᠤᠭᠰᠠᠨ ᠢ᠋ ᠳᠠᠭᠤᠳᠠᠨ ᠢᠷᠡᠭᠦᠯᠵᠦ᠄ 
       — ᠵᠠ᠂ ᠪᠤᠭᠤᠷᠤᠯ ᠡᠪᠦᠭᠡᠨ ᠠᠬ᠎ᠠ ᠮᠢᠨᠢ! ᠠᠷᠪᠢᠨ ᠪᠤᠶᠠᠨᠲᠤ ᠭᠡᠭᠡᠬᠡᠨ(ᠭᠡᠭᠡᠨ) ᠰᠠᠩ ᠤ᠋ᠨ ᠡᠨᠡ ᠬᠡᠰᠢᠭ ᠡᠴᠡ ᠠᠮᠠ ᠬᠦᠷᠦᠭᠡᠳ ᠦᠵᠡ ᠳᠡ! ᠭᠡᠵᠦ ᠶᠣᠵᠣᠯᠠᠬᠤ ᠳ᠋ᠤᠨᠢ᠂ 
       — ᠡᠨᠡ ᠪᠣᠯ ᠳᠡᠯᠡᠬᠡᠢ ᠶ᠋ᠢᠨ ᠰᠢᠮ᠎ᠡ᠂ ᠳᠡᠯᠭᠡᠷ ᠣᠯᠠᠨ ᠤ᠋ ᠬᠥᠯᠥᠰᠥ᠂ ᠡᠳᠦᠷ ᠳᠣᠳᠣᠮ ᠬᠡᠮᠵᠢᠶ᠎ᠡ ᠦᠭᠡᠢ ᠢᠳᠡᠪᠡᠯ᠂ ᠥᠭᠡᠳᠡᠯᠡᠳᠡᠭ ᠦᠭᠡᠢ ᠭᠣᠷᠲᠣᠳᠠᠭ ᠶᠤᠮ ᠭᠡᠨ᠎ᠡ ᠪᠢᠯᠡ ᠭᠡᠵᠦ ᠬᠠᠷᠢᠭᠤᠯᠤᠭᠠᠳ ᠳᠡᠷᠭᠡᠳᠡᠬᠢ ᠣᠯᠠᠨ ᠠ᠋ᠴᠠ᠂ ᠲᠡᠢᠮᠦ ᠪᠢᠵᠡ ᠠ᠋ ᠬᠡᠦᠬᠡᠳ ᠮᠢᠨᠢ? ᠭᠡᠬᠦ ᠳ᠋ᠦ᠍ᠨᠢ᠂ ᠭᠡᠭᠡᠬᠡᠨ(ᠭᠡᠭᠡᠨ) ᠰᠠᠩ ᠤ᠋ᠨ ᠶᠡᠬᠡ  ᠵᠠᠩ ᠲᠠᠢ ᠯᠠᠮᠠ ᠨᠠᠷ ᠤ᠋ᠨ ᠥᠭᠡᠳᠡ ᠡᠴᠡ ᠰᠢᠷᠦᠭᠦᠨ ᠦᠭᠡ ᠬᠡᠯᠡᠬᠦ ᠡᠷᠬᠡ ᠦᠭᠡᠢ᠂ ᠪᠦᠲᠦᠨ ᠴᠠᠭᠠᠭᠴᠢᠨ ᠭᠠᠬᠠᠢ ᠵᠢᠯ ᠦ᠋ᠨ ᠲᠤᠷᠰᠢ ᠬᠠᠷᠢᠶᠠᠬᠤ ᠬᠤᠴᠠᠯᠠᠬᠤ ᠶ᠋ᠢ ᠬᠦᠯᠢᠴᠡᠵᠦ ᠪᠠᠢᠭᠰᠠᠨ ᠪᠢᠳᠡᠨ ᠦ᠌ ᠬᠣᠷᠣᠰᠤᠯ ᠤ᠋ᠨ ᠬᠠᠷᠢᠭᠤ ᠶ᠋ᠢ ᠡᠨᠡ ᠬᠠᠲᠠᠭᠤ ᠠᠮᠠ ᠲᠠᠢ᠂ ᠶᠡᠬᠡ ᠵᠢᠷᠦᠬᠡᠲᠡᠢ ᠡᠪᠦᠭᠡᠨ ᠭᠠᠭᠴᠠᠬᠠᠨ ᠰᠠᠢᠨ ᠠᠪᠤᠪᠠ ᠭᠡᠵᠦ ᠬᠠᠪᠠᠷᠬᠠᠵᠤ᠂
       — ᠴᠣᠬᠣᠮ ᠠ᠋ ᠭᠡᠵᠦ ᠲᠡᠷᠡ ᠭᠡᠷ ᠲᠦ᠍ ᠰᠠᠭᠤᠭᠰᠠᠨ ᠬᠣᠨᠢᠴᠢᠨ ᠳᠤᠷᠠᠲᠠᠢ ᠭᠡᠭᠴᠢ ᠪᠡᠷ ᠬᠠᠷᠢᠭᠤᠯᠪᠠ᠃   


— — — — 
 * ᠰᠦᠮ᠎ᠡ ᠳᠤᠭᠠᠩ᠂ ᠪᠤᠷᠬᠠᠨ ᠰᠢᠲᠦᠭᠡᠨ᠂ ᠲᠠᠬᠢᠯ ᠬᠥᠬᠥᠯ ᠰᠠᠩ ᠤ᠋ᠨ ᠤᠲᠤᠭ᠎ᠠ᠂ ᠠᠬ᠎ᠠ ᠳᠡᠭᠦᠦ ᠶ᠋ᠢᠨ ᠴᠢᠰᠤ ᠤᠷᠤᠰᠬᠠᠶ᠎ᠠ ᠭᠡᠵᠦ᠂ ᠬᠤᠯᠠᠭᠠᠢ ᠬᠤᠳᠠᠯ᠂ ᠲᠡᠢᠨ ᠳᠠᠵᠢᠨ ᠬᠢᠶ᠎ᠡ ᠭᠡᠵᠦ᠂ ᠬᠥᠷᠥᠭ ᠳᠦᠷᠢ ᠶ᠋ᠢᠨ ᠴᠢᠨᠢ ᠡᠮᠦᠨ᠎ᠡ ᠴᠤᠴᠠᠯ ᠦᠭᠡᠢ ᠮᠥᠷᠭᠥᠨ ᠵᠠᠯᠪᠠᠷᠢᠬᠤ ᠠᠵᠢ᠃ ᠲᠡᠭᠡᠭᠡᠳ ᠳᠠᠯᠠᠨ ᠲᠣᠨᠣᠭᠰᠠᠨ ᠭᠤᠸ᠎ᠠ ᠴᠢᠮᠡᠭ᠂ ᠴᠢᠮ᠎ᠠ ᠳ᠋ᠠᠭᠠᠨ ᠡᠷᠭᠦᠯ ᠪᠠᠷᠢᠴᠠ ᠪᠣᠯᠭᠠᠳᠠᠭ ᠪᠠᠢᠨ᠎ᠠ  ᠯᠠ ᠠ᠋‼᠁    
                        ᠲ· ᠱᠧᠪᠴᠧᠨᠺᠦ   
 * ᠰᠦᠮ᠎ᠡ ᠭᠡᠢᠳ ᠦᠨ ᠭᠠᠯ ᠲᠣᠭᠣᠭᠠᠨ ᠤ ᠭᠠᠵᠠᠷ



    ᠦᠰᠦᠭ ᠠᠮᠢᠯᠠᠭᠤᠯᠤᠭᠴᠢ᠄ ᠰᠠᠷᠠᠨᠲᠤᠶᠠᠭ᠎ᠠ᠂ ᠣᠶᠤᠨᠪᠢᠯᠢᠭ᠌᠂ ᠲᠠᠪᠤᠨ ᠤᠰᠤ᠂ ᠤᠢᠭᠤᠷᠵᠢᠨ·ᠣᠳᠬᠣᠨᠪᠠᠪᠠ᠂ ᠪᠠᠯ 
      ᠬᠢᠨᠠᠭᠴᠢ᠄ ᠤᠢᠭᠤᠷᠵᠢᠨ·ᠣᠳᠬᠣᠨᠪᠠᠪᠠ᠂ ᠣᠳᠬᠣᠨᠴᠡᠴᠡᠭ᠂ ᠪᠠᠯ  
       ᠤᠩᠰᠢᠭᠴᠢ᠄ ᠨᠠᠰᠤᠨ᠌ᠦ᠌ᠯᠵᠡᠢ