ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠶᠢᠰᠦ Үүрийн туяа II – Б ᠂ Ренчин Хоёрдугаар дэвтэр "Гал усны гашуун зовлон"-9 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠶᠢᠰᠦ Үүрийн туяа II – Б ᠂ Ренчин Хоёрдугаар дэвтэр "Гал усны гашуун зовлон"-9

ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠶᠢᠰᠦ Үүрийн туяа II – Б ᠂ Ренчин Хоёрдугаар дэвтэр "Гал усны гашуун зовлон"-9

ᠠᠩᠭᠢᠯᠠᠯ:ᠲᠤᠭᠤᠵᠢ ᠷᠣᠮᠠᠨ
2025-01-06

497

ᠶᠢᠰᠦ᠂ ᠠᠶᠠᠨ ᠠ᠋ᠴᠠ ᠪᠤᠴᠠᠵᠤ ᠢᠷᠡᠪᠡ


                   Тече вода всине море.   
                   та не выТ Кае;     
                   шука козак свою долю.  
                   А дол немае        
                                             Т·Шевченко*       

       ᠤᠯᠢᠶᠠᠰᠤᠲᠠᠢ ᠶ᠋ᠢᠨ ᠬᠠᠪᠢ ᠳ᠋ᠤ᠌ ᠣᠢᠷᠠᠲᠤᠨ ᠬᠦᠷᠴᠦ ᠣᠴᠢᠭᠠᠳ᠂ ᠰᠠᠩ ᠤ᠋ᠨ ᠬᠣᠲᠠ ᠬᠡᠳᠦᠢᠨ ᠡᠵᠡᠯᠡᠭᠳᠡᠵᠦ᠂ ᠮᠠᠨᠵᠤ ᠶ᠋ᠢᠨ ᠥᠨᠥᠬᠢ ᠰᠦᠷᠡᠬᠡᠢ ᠵᠠᠩᠵᠤᠨ ᠬᠡᠳᠦᠢᠨ ᠬᠥᠭᠡᠭᠡᠭᠳᠡᠭᠰᠡᠨ ᠰᠤᠷᠠᠭ ᠣᠯᠵᠤ ᠰᠣᠨᠣᠰᠪᠠ᠃ ᠤᠯᠢᠶᠠᠰᠤᠲᠠᠢ ᠳ᠋ᠠᠬᠢ ᠮᠣᠩᠭᠣᠯ ᠴᠡᠷᠢᠭ ᠦ᠋ᠨ ᠵᠠᠩᠵᠤᠨ᠂ ᠬᠣᠰᠢᠭᠤ ᠠ᠋ᠴᠠ ᠤᠯᠢᠶᠠᠰᠤᠲᠠᠢ ᠵᠦᠭ ᠪᠠᠢᠯᠳᠤᠷ᠎ᠠ(ᠪᠠᠢᠯᠳᠤᠬᠤ ᠪᠠᠷ) ᠮᠣᠷᠳᠠᠭᠤᠯᠤᠭᠰᠠᠨ ᠴᠡᠷᠢᠭ ᠢ᠋ ᠬᠡᠷᠡᠭ ᠨᠢᠭᠡᠨᠲᠡ ᠥᠩᠭᠡᠷᠡᠭᠰᠡᠨ ᠲᠤᠯᠠ ᠵᠠᠮ ᠠ᠋ᠴᠠ ᠪᠤᠴᠠᠭᠠᠵᠤ᠂ ᠭᠠᠭᠴᠠᠬᠦ ᠳᠠᠷᠤᠭ᠎ᠠ ᠨᠠᠷ ᠢ᠋ ᠤᠯᠢᠶᠠᠰᠤᠲᠠᠢ ᠳ᠋ᠤ᠌ ᠢᠷᠡᠭᠦᠯ ᠭᠡᠵᠦ ᠲᠤᠰᠢᠶᠠᠭᠰᠠᠨ ᠵᠠᠷᠯᠠᠯ ᠢ᠋ ᠡᠯᠴᠢ ᠬᠦᠷᠭᠡᠵᠦ ᠢᠷᠡᠭᠰᠡᠨ ᠲᠤᠯᠠ ᠵᠠᠮᠰᠥ᠋ᠷᠦᠩᠵᠠᠪ ᠬᠤᠷᠠᠩᠳᠠ᠂ ᠴᠡᠷᠢᠭ ᠢ᠋ ᠪᠤᠴᠠᠭᠠᠨ᠂ ᠬᠡᠳᠦᠨ ᠪᠢᠴᠢᠭᠡᠴᠢ ᠨᠠᠷ ᠢ᠋ ᠭᠡᠷᠡᠴᠢ ᠪᠣᠯᠭᠠᠨ ᠳᠠᠭᠠᠭᠤᠯᠵᠤ ᠤᠯᠢᠶᠠᠰᠤᠲᠠᠢ ᠣᠷᠣᠭᠰᠠᠨ ᠨᠢ ᠤᠯᠤᠰ ᠲᠥᠷᠥ ᠶ᠋ᠢᠨ ᠲᠥᠯᠥᠭᠡ ᠰᠠᠨᠠᠭ᠎ᠠ ᠬᠦᠴᠦ ᠲᠠᠯᠪᠢᠵᠤ᠂ ᠬᠥᠬᠡᠭᠡ ᠡᠪᠦᠯ ᠦ᠋ᠨ ᠲᠡᠰᠬᠢᠮ᠎ᠡ ᠬᠦᠢᠲᠡᠨ ᠳ᠋ᠦ᠍᠂ ᠴᠠᠰᠤᠨ ᠰᠢᠭᠤᠷᠭᠠᠨ ᠳᠤᠮᠳᠠᠭᠤᠷ ᠴᠡᠷᠢᠭ ᠡᠯᠰᠡᠵᠦ᠂ ᠪᠡᠷᠬᠡ ᠶ᠋ᠢ ᠲᠤᠭᠤᠯᠤᠨ ᠵᠢᠳᠬᠦᠭᠰᠡᠨ ᠢ᠋ᠶ᠋ᠡᠨ ᠪᠠᠲᠤᠯᠠᠨ ᠢᠯᠡᠷᠬᠡᠢᠯᠡᠬᠦ ᠪᠡᠷ ᠶᠠᠪᠤᠵᠠᠢ᠃ 
       ᠰᠢᠷᠴᠢᠨ ᠲᠡᠢ ᠬᠠᠮᠲᠤ ᠨᠢᠭᠡ ᠮᠠᠢᠬᠠᠨ ᠳ᠋ᠤ᠌ ᠶᠠᠪᠤᠭᠰᠠᠨ ᠡᠪᠦᠭᠡᠨ ᠴᠡᠷᠢᠭ᠂ ᠰᠢᠷᠴᠢᠨ ᠲᠠᠢ ᠰᠠᠯᠬᠤ ᠶᠣᠰᠣ ᠬᠢᠬᠦ ᠳ᠋ᠡᠭᠡᠨ᠂ ᠵᠠᠮᠰᠥ᠋ᠷᠦᠩᠵᠠᠪ ᠲᠠᠢᠵᠢ ᠶ᠋ᠢ ᠣᠢᠰᠢᠶᠠᠬᠤ ᠦᠭᠡᠢ᠂ 
       — ᠬᠡᠦᠬᠡᠨ ᠲᠡᠢ ᠠᠷᠢᠬᠢᠳᠠᠨ ᠨᠠᠷᠭᠢᠵᠤ᠂ ᠠᠮᠠ ᠪᠠᠷ ᠭᠠᠷᠲᠠᠯ᠎ᠠ ᠪᠠᠨ ᠲᠠᠷᠭᠤᠨ ᠬᠣᠨᠢᠨ ᠤ᠋ ᠮᠢᠬ᠎ᠠ ᠢᠳᠡᠵᠦ ᠶᠠᠪᠤᠭᠠᠳ᠂ ᠣᠳᠣ ᠬᠡᠳᠦᠨ ᠵᠢᠰᠤᠷᠴᠢ ᠪᠢᠴᠢᠭᠡᠴᠢ ᠪᠡᠨ ᠳᠠᠭᠠᠭᠤᠯᠵᠤ ᠤᠯᠢᠶᠠᠰᠤᠲᠠᠢ ᠣᠷᠣᠬᠤ ᠳ᠋ᠠᠭᠠᠨ᠂ ᠪᠡᠶ᠎ᠡ ᠪᠡᠨ ᠤᠯᠤᠰ ᠢ᠋ ᠠᠪᠤᠷᠠᠨ ᠲᠡᠳᠬᠦᠭᠴᠢ᠂ ᠠᠷᠠᠳ ᠠᠮᠢᠲᠠᠨ ᠢ᠋ ᠬᠠᠮᠠᠭᠠᠯᠠᠨ ᠲᠤᠰᠠᠯᠠᠭᠴᠢ ᠪᠠᠭᠠᠲᠤᠷ ᠭᠠᠪᠢᠶ᠎ᠠ ᠪᠠᠨ ᠲᠣᠭᠠᠴᠢᠨ ᠳᠡᠭᠡᠭᠦᠷ ᠳᠣᠭᠤᠤᠷ ᠭᠦᠶᠦᠨ᠎ᠡ ᠳᠡ᠃ ᠴᠢ ᠦᠵᠡᠭᠡᠷᠡᠢ᠂ ᠲᠡᠷᠡ ᠭᠤᠩᠰᠢᠶ᠎ᠠ ᠲᠠᠢᠵᠢ ᠵᠠᠪᠠᠯ ᠡᠷᠬᠡ ᠬᠡᠷᠬᠢᠮ ᠳᠠᠪᠰᠢᠨ᠎ᠠ ᠭᠡᠵᠦ ᠳᠤᠷ᠎ᠠ ᠦᠭᠡᠢᠴᠡᠨ ᠬᠡᠯᠡᠭᠰᠡᠨ ᠪᠢᠯᠡ᠃ 
       ᠵᠠᠮ ᠠ᠋ᠴᠠ ᠲᠡᠭᠡᠵᠦ ᠲᠠᠷᠬᠠᠭᠰᠠᠨ ᠴᠡᠷᠢᠭ᠂ ᠬᠣᠰᠢᠭᠠᠳ ᠭᠤᠷᠪᠠᠭᠠᠳ ᠢ᠋ᠶ᠋ᠠᠷ ᠨᠡᠢᠯᠡᠨ ᠲᠠᠷᠬᠠᠵᠠᠭᠠᠪᠠ᠃ ᠰᠢᠷᠴᠢᠨ᠂ ᠰᠤᠨᠤᠮ ᠵᠠᠩᠭᠢ ᠶ᠋ᠢᠨ ᠡᠪᠦᠯᠵᠢᠶ᠎ᠡ ᠬᠦᠷᠲᠡᠯ᠎ᠡ᠂ ᠶᠡᠬᠡᠯ᠎ᠡ ᠪᠡᠷᠬᠡ ᠬᠣᠯᠠ ᠰᠠᠨᠠᠭᠳᠠᠵᠤ᠂ ᠨᠥᠮᠥᠷᠢ ᠭᠠᠵᠠᠷ ᠨᠢᠭᠤᠴᠠᠭᠠᠢ ᠪᠠᠢᠳᠠᠭ ᠨᠢᠭᠡ ᠠᠢᠯ ᠠ᠋ᠴᠠ ᠨᠢᠭᠡ ᠠᠢᠯ ᠳᠠᠮᠵᠢᠨ᠂ ᠬᠣᠨᠣᠭ ᠲᠠᠭᠠᠷᠠᠯᠳᠤᠪᠠᠯ ᠮᠠᠯᠴᠢᠨ ᠠᠢᠯ ᠳ᠋ᠤ᠌ ᠬᠣᠨᠣᠵᠤ᠂ ᠵᠠᠷᠢᠮ ᠳ᠋ᠠᠭᠠᠨ ᠠᠳᠤᠭᠤ ᠣᠲᠣᠷᠯᠠᠭᠤᠯᠵᠤ ᠶᠠᠪᠤᠭ᠎ᠠ ᠰᠦᠷᠦᠭᠴᠢᠨ ᠣᠲᠣᠷᠴᠢ ᠶ᠋ᠢᠨ ᠭᠠᠯ ᠤ᠋ᠨ ᠳᠡᠷᠭᠡᠳᠡ ᠬᠣᠨᠣᠵᠤ ᠶᠠᠪᠤᠭᠰᠠᠭᠠᠷ ᠰᠣᠨᠣᠮ ᠵᠠᠩᠭᠢ ᠶ᠋ᠢᠨ ᠡᠪᠦᠯᠵᠢᠶᠡᠨ ᠳ᠋ᠦ᠍ ᠨᠡᠯᠢᠶᠡᠳ ᠳᠥᠭᠥᠵᠦ ᠶᠠᠪᠤᠲᠠᠯ᠎ᠠ ᠳᠥᠢ᠍ᠩᠭᠡᠷ ᠲᠡᠢ ᠬᠡᠭᠡᠷ᠎ᠡ ᠠᠭᠤᠯᠵᠠᠭᠠᠳ᠂ ᠬᠠᠷᠢᠯᠴᠠᠨ ᠠᠮᠤᠷ ᠮᠡᠨᠳᠦ ᠶ᠋ᠢ ᠠᠰᠠᠭᠤᠯᠴᠠᠬᠤ ᠵᠠᠪᠰᠠᠷ᠂ ᠲᠤᠢᠩᠬᠡᠷ᠂  ᠰᠢᠷᠴᠢᠨ ᠦ᠌ ᠤᠨᠤᠭ᠎ᠠ ᠶ᠋ᠢ ᠬᠠᠷᠠᠭᠠᠳ᠂ ᠡᠴᠡᠩᠬᠡᠢ ᠭᠡᠵᠦ ᠳᠤᠷ᠎ᠠ ᠦᠭᠡᠢᠴᠡᠨ᠂ 
       — ᠴᠢ᠂ ᠶᠡᠷᠦᠨᠢ ᠮᠢᠨᠦ ᠡᠨᠡ ᠬᠣᠶᠠᠷ ᠮᠣᠷᠢ ᠶ᠋ᠢ ᠲᠤᠩ ᠴᠤ᠌ ᠭᠠᠮ ᠦᠭᠡᠢ ᠡᠳ᠋ᠯᠡᠵᠦ᠂ ᠬᠥᠮᠦᠨ ᠦ᠌ ᠶᠠᠭᠤᠮ᠎ᠠ ᠬᠣᠢᠨ᠎ᠠ᠂ ᠬᠠᠮᠢᠶ᠎ᠠ ᠪᠠᠢᠵᠤ ᠤᠤ? ᠭᠡᠵᠦ ᠮᠣᠷᠢ ᠶ᠋ᠢ ᠮᠢᠨᠢ ᠡᠴᠡᠭᠡᠵᠡᠢ᠃ ᠠᠶ᠎ᠠ ᠦᠭᠡᠢ ᠪᠣᠯ ᠣᠨ ᠳ᠋ᠤ᠌ ᠣᠷᠣᠬᠤ ᠦᠭᠡᠢ ᠨᠢ ᠰᠢᠪ ᠳᠡ ᠭᠡᠵᠦ ᠰᠢᠷᠴᠢᠨ ᠦ᠌ ᠣᠯᠵᠠ ᠣᠮᠣᠭ ᠠ᠋ᠴᠠ ᠨᠢ ᠭᠣᠷᠢᠳᠠᠬᠤ ᠰᠠᠨᠠᠭ᠎ᠠ ᠲᠠᠢ ᠦᠭᠡ ᠰᠡᠳᠦᠪ ᠴᠤᠬᠤᠢᠯᠭᠠᠵᠤ ᠦᠵᠡᠭᠡᠳ᠂ ᠭᠠᠷ ᠬᠣᠭᠣᠰᠣᠨ ᠪᠤᠴᠠᠵᠤ ᠶᠠᠪᠤᠭ᠎ᠠ ᠶ᠋ᠢ ᠨᠢ ᠮᠡᠳᠡᠮᠡᠭᠴᠡ ᠬᠠᠷᠢᠶᠠᠨ ᠥᠭᠦᠯᠡᠷᠦᠨ᠄ 
       — ᠮᠠᠭᠤ ᠬᠠᠷ᠎ᠠ ᠭᠤᠢᠯᠢᠨᠴᠢᠨ᠂ ᠮᠣᠷᠢᠨ ᠠ᠋ᠴᠠ ᠪᠠᠭᠤ! ᠰᠠᠯᠲᠠᠭᠠᠨ ᠳ᠋ᠠᠭᠠᠨ ᠬᠠᠪᠴᠢᠵᠤ᠂ ᠬᠥᠯ ᠢ᠋ᠶ᠋ᠡᠨ ᠳᠡᠭᠦᠵᠢᠯᠡᠬᠦ ᠶ᠋ᠢ ᠮᠡᠳᠡᠭᠡᠳ᠂ ᠠᠷᠠᠴᠢᠯᠠᠬᠤ ᠢᠳᠡᠭᠦᠯᠬᠦ ᠶ᠋ᠢ ᠮᠡᠳᠡᠬᠦ ᠦᠭᠡᠢ᠂ ᠬᠥᠮᠦᠨ ᠦ᠌ ᠮᠣᠷᠢ ᠬᠥᠯᠥᠰᠥᠯᠡᠭᠡᠳ ᠬᠥᠯᠥᠰᠥ ᠶ᠋ᠢ ᠨᠢ ᠥᠭᠬᠦ ᠦᠭᠡᠢ᠂ ᠵᠠᠳᠠᠷᠠᠭᠰᠠᠨ ᠬᠠᠷ᠎ᠠ ᠲᠠᠷᠢᠬᠢ ᠪᠠᠢ᠂ ᠭᠦ ᠴᠢ? ᠪᠢ ᠴᠢᠮᠠᠶ᠋ᠢ ᠭᠠᠷ ᠬᠣᠭᠣᠰᠣᠨ ᠦᠭᠡᠢ ᠡᠷᠬᠡᠪᠰᠢ ᠶᠠᠪᠤᠭᠰᠠᠨ ᠬᠥᠮᠦᠨ ᠭᠡᠵᠦ ᠶᠠᠰᠤ ᠵᠠᠭᠤᠬᠤ ᠪᠠᠢᠬᠤ ᠭᠡᠵᠦ ᠪᠣᠳᠣᠭᠰᠠᠨ ᠴᠢᠨᠢ ᠪᠢᠰᠢ ᠪᠣᠯᠵᠠᠢ᠃  ᠡᠢᠮᠦ ᠠᠮᠠᠷᠬᠠᠨ ᠲᠡᠢᠨ ᠪᠣᠯᠬᠤ ᠶᠤᠮ᠂ ᠴᠢᠮᠠᠶ᠋ᠢ ᠭᠠᠷ ᠬᠣᠭᠣᠰᠣᠨ ᠬᠡᠯᠲᠦᠷᠢᠵᠦ ᠢᠷᠡᠬᠦ ᠶᠦᠮ ᠭᠡᠭᠴᠢ ᠶ᠋ᠢ ᠮᠡᠳᠡᠭᠰᠡᠨ ᠪᠣᠯ ᠪᠢ ᠥᠪᠡᠷ ᠢ᠋ᠶ᠋ᠡᠨ ᠮᠣᠷᠳᠠᠬᠤ ᠶᠤᠮᠰᠠᠨ᠃ ᠠ ᠬᠠᠷ᠎ᠠ ᠮᠠᠩᠭᠣ ᠭᠡᠵᠦ ᠵᠠᠩᠨᠠᠬᠤ ᠳ᠋ᠤᠨᠢ ᠰᠢᠷᠴᠢᠨ ᠢᠴᠡᠩᠭᠦᠷᠡᠨ ᠬᠥᠮᠦᠨ ᠦ᠌ ᠶᠠᠭᠤᠮ᠎ᠠ ᠬᠦᠴᠦ ᠲᠡᠢ ᠭᠡᠵᠦ ᠠᠷᠭ᠎ᠠ ᠦᠭᠡᠢ ᠮᠣᠷᠢᠨ ᠠ᠋ᠴᠠ ᠪᠠᠭᠤᠪᠠ᠃ ᠲᠦᠢᠩᠬᠡᠷ᠂ ᠰᠣᠨᠣᠮ ᠵᠠᠩᠭᠢ ᠶ᠋ᠢᠨ ᠡᠴᠡ ᠠᠪᠴᠤ ᠲᠣᠬᠣᠭᠰᠠᠨ ᠰᠢᠷᠴᠢᠨ ᠦ᠌ ᠬᠠᠭᠤᠴᠢᠨ ᠮᠠᠭᠤ ᠡᠮᠡᠭᠡᠯ ᠢ᠋ ᠠᠪᠴᠤ ᠭᠠᠵᠠᠷ ᠲᠠᠯᠪᠢᠭᠠᠳ ᠮᠣᠷᠢ ᠪᠠᠨ ᠠᠪᠴᠤ᠂ ᠰᠢᠷᠴᠢᠨ ᠢ᠋ ᠬᠡᠭᠡᠷ᠎ᠡ ᠶᠠᠪᠠᠭᠠᠨ ᠬᠠᠶᠠᠭᠠᠳ᠂ ᠠᠯᠠᠭ᠎ᠠ ᠪᠣᠯᠤᠭᠠᠳ ᠥᠭᠴᠡᠢ᠃ ᠰᠢᠷᠴᠢᠨ ᠲᠠᠰᠢᠶ᠎ᠠ ᠪᠠᠨ ᠲᠤᠯᠤᠭᠠᠳ ᠳᠠᠪᠬᠢᠵᠤ ᠣᠳᠤᠭᠰᠠᠨ ᠲᠦᠢᠩᠬᠡᠷ ᠦ᠋ᠨ ᠬᠣᠢᠨ᠎ᠠ ᠠ᠋ᠴᠠ ᠭᠠᠢᠬᠠᠨ ᠬᠠᠷᠠᠵᠤ᠂ ᠢᠩᠭᠢᠵᠦ ᠴᠦ᠍ ᠠᠶᠠᠨ ᠲᠡᠢᠨ ᠡᠴᠡ ᠪᠤᠴᠠᠵᠤ ᠢᠷᠡᠬᠦ  ᠭᠡᠵᠦ ᠳᠡ ᠭᠡᠵᠦ ᠰᠡᠭᠦᠷᠡᠰᠦ ᠠᠯᠳᠠᠪᠠ᠃ 
       ᠡᠮᠡᠭᠡᠯ ᠲᠣᠬᠣᠮ ᠢ᠋ᠶ᠋ᠠᠨ ᠠᠶᠠᠲᠠᠢᠬᠠᠨ ᠭᠡᠭᠴᠢ ᠪᠡᠷ ᠣᠯᠣᠩ ᠵᠢᠷᠢᠮ ᠢ᠋ᠶ᠋ᠡᠷ ᠳᠠᠷᠤᠭᠤᠯᠵᠤ ᠡᠭᠦᠷᠬᠦ ᠳ᠋ᠦ᠍ ᠡᠪᠲᠡᠢᠬᠡᠨ ᠪᠣᠯᠭᠠᠭᠠᠳ᠂ ᠠᠷᠤ ᠳ᠋ᠠᠭᠠᠨ ᠡᠭᠦᠷᠴᠦ ᠠᠮᠠᠨ ᠳᠣᠲᠣᠷ᠎ᠠ ᠪᠠᠨ ᠴᠡᠷᠢᠭ ᠡᠴᠡ ᠡᠮᠡᠭᠡᠯ ᠢ᠋ᠶ᠋ᠡᠨ ᠡᠭᠦᠷᠴᠦ ᠪᠤᠴᠠᠬᠤ ᠨᠢ ᠢᠴᠢᠭᠦᠷᠢᠲᠡᠢ ᠪᠣᠯᠪᠠᠴᠤ ᠡᠪᠦᠯ ᠦ᠋ᠨ ᠪᠡᠷᠬᠡ ᠬᠦᠢᠲᠡᠨ ᠳ᠋ᠦ᠍ ᠨᠢᠭᠤᠷ ᠢᠴᠢᠯ᠎ᠡ ᠭᠡᠳ ᠬᠠᠮᠢᠭ᠎ᠠ ᠣᠴᠢᠬᠤ ᠪᠣᠢ? ᠭᠡᠵᠦ ᠵᠠᠩᠭᠢ ᠶ᠋ᠢᠨ ᠡᠪᠦᠯᠵᠢᠶᠡᠨ ᠦ᠌ ᠵᠦᠭ ᠠᠯᠬᠤᠪᠠ᠃ 
       ᠵᠠᠪᠰᠢᠶᠠᠨ ᠢ᠋ᠶ᠋ᠠᠷ ᠲᠡᠷᠡ ᠲᠤᠬᠠᠢ ᠵᠠᠩᠭᠢ ᠴᠡᠷᠡᠨ ᠬᠣᠶᠠᠷ ᠤ᠋ᠨ ᠠᠯᠢ ᠠᠯᠢ ᠨᠢ ᠴᠦ᠍ ᠭᠡᠷ ᠲᠡᠭᠡᠨ ᠡᠵᠡ ᠦᠭᠡᠢ(ᠡᠵᠡᠭᠦᠢ)᠂ ᠭᠠᠳᠠᠨ᠎ᠠ᠂ ᠨᠣᠬᠠᠢ ᠰᠢᠷᠴᠢᠨ ᠢ ᠲᠠᠨᠢᠭᠠᠳ ᠶᠡᠷᠦ ᠬᠤᠴᠠᠵᠤ ᠪᠠᠷᠢᠭᠰᠠᠨ ᠦᠭᠡᠢ᠂ ᠭᠡᠷ ᠲᠦ᠍ ᠴᠢᠮᠡᠭᠡ ᠦᠭᠡᠢ ᠣᠷᠣᠭᠠᠳ ᠢᠷᠡᠬᠦ ᠳ᠋ᠦ᠍ ᠵᠠᠩᠭᠢ ᠶ᠋ᠢᠨ ᠠᠪᠠᠭᠠᠢ ᠭᠠᠯ ᠤ᠋ᠨ ᠳᠡᠷᠭᠡᠳᠡ ᠴᠠᠢ ᠴᠢᠨᠠᠵᠤ᠂ ᠶᠡᠷᠦᠨᠢ(ᠶᠡᠷᠦ ᠨᠢ) ᠰᠢᠷᠴᠢᠨ ᠢ᠋ ᠣᠷᠣᠵᠤ ᠢᠷᠡᠨ᠎ᠡ ᠭᠡᠵᠦ ᠤᠭ ᠠ᠋ᠴᠠ ᠪᠣᠳᠣᠭᠰᠠᠨ ᠦᠭᠡᠢ ᠠᠵᠢ᠃ ᠴᠠᠢ ᠤᠤᠭᠤᠵᠤ ᠳᠤᠯᠠᠭᠠᠴᠠᠬᠤ ᠳ᠋ᠠᠭᠠᠨ( ᠳ᠋ᠤ᠌ ᠪᠠᠨ)᠂ ᠰᠢᠷᠴᠢᠨ᠂ ᠶᠠᠪᠤᠭᠰᠠᠨ ᠶᠠᠪᠤᠳᠠᠯ ᠢ᠋ᠶ᠋ᠠᠨ ᠶᠠᠷᠢᠵᠤ ᠡᠬᠢᠯᠡᠪᠡ᠃ ᠨᠠᠷᠭᠢᠶᠠᠨ ᠲᠠᠢ ᠵᠤᠭᠠᠲᠠᠢ ᠡᠮᠡᠭᠡᠨ᠂ ᠰᠢᠷᠴᠢᠨ ᠢ᠋ ᠲᠦᠢ ᠶ᠋ᠢᠨ ᠭᠣᠣᠯ ᠳ᠋ᠤ᠌ ᠬᠢᠲᠠᠳ ᠠ᠋ᠴᠠ ᠨᠢᠭᠡ ᠰᠢᠭᠤᠳᠠᠢ ᠪᠤᠷᠠᠮ ᠰᠥᠨᠢ ᠮᠣᠷᠢᠨ ᠳ᠋ᠠᠭᠠᠨ(ᠳ᠋ᠤ᠌ ᠪᠠᠨ)ᠳᠦᠭᠦᠷᠴᠦ( ᠳᠡᠭᠦᠷᠴᠦ) ᠶᠠᠪᠤᠭᠠᠳ᠂ ᠠᠷᠠᠢ ᠭᠡᠵᠦ ᠴᠢᠮᠬᠢ ᠪᠤᠷᠠᠮ ᠠᠮᠰᠠᠵᠤ ᠬᠡᠭᠡᠷ᠎ᠡ ᠬᠠᠶᠠᠭᠰᠠᠨ ᠢ᠋ ᠰᠣᠨᠣᠰᠤᠭᠠᠳ᠂ ᠡᠯᠢᠭᠡ ᠪᠡᠨ ᠬᠥᠰᠢᠲᠡᠯ᠎ᠡ ᠢᠨᠢᠶᠡᠵᠦ᠂ 
       — ᠠᠮᠠᠨ ᠤ᠋ ᠴᠢᠨᠢ ᠬᠡᠰᠢᠭ ᠮᠥᠴᠢᠳᠴᠦ(ᠮᠥᠴᠢᠳᠳᠡᠵᠦ) ᠳᠡ᠃ ᠬᠠᠷᠢᠨ᠂ ᠡᠨᠡ ᠳᠡᠪᠡᠯ ᠭᠤᠲᠤᠯ ᠬᠣᠶᠠᠷ ᠴᠢᠨᠢ ᠵᠦᠭᠡᠷ ᠶᠠᠭᠤᠮ᠎ᠠ ᠪᠠᠢᠨ᠎ᠠ ᠭᠡᠵᠦ ᠢᠨᠢᠶᠡᠭᠡᠳ᠂ ᠭᠡᠪᠡᠴᠦ᠂ ᠢᠩᠭᠢᠵᠦ ᠶᠠᠭᠤᠮ᠎ᠠ ᠠᠮᠠᠷᠬᠠᠨ ᠣᠯᠳᠠᠳᠠᠭ ᠶᠤᠮ ᠪᠠᠢᠨ᠎ᠠ ᠭᠡᠵᠦ ᠪᠢᠲᠡᠭᠡᠢ ᠰᠢᠨᠤᠭᠠᠷᠠᠢ᠃ ᠶᠣᠰᠣ ᠪᠤᠰᠤ ᠪᠠᠷ ᠣᠯᠤᠭᠰᠠᠨ ᠶᠠᠭᠤᠮ᠎ᠠ᠂ ᠭᠠᠷᠬᠤ ᠳ᠋ᠠᠭᠠᠨ(ᠳ᠋ᠤ᠌ ᠪᠠᠨ)ᠴᠤ᠌ ᠶᠣᠰᠣ ᠪᠤᠰᠤ ᠪᠠᠷ ᠭᠠᠷᠳᠠᠭ ᠭᠡᠵᠦ ᠬᠡᠯᠡᠪᠡ᠃ 
       ᠵᠠᠩᠭᠢ ᠶ᠋ᠢᠨ ᠭᠡᠷ ᠲᠦ᠍ ᠶᠡᠬᠡ ᠳᠤᠯᠠᠭᠠᠨ ᠰᠠᠢᠬᠠᠨ ᠪᠠᠢᠵᠠᠢ᠂ ᠠᠶᠠᠨ ᠠ᠋ᠴᠠ ᠢᠷᠡᠭᠡᠳ ᠬᠡᠪᠲᠡᠵᠦ ᠠᠮᠠᠷᠠᠮᠠᠷ ᠰᠠᠨᠠᠭᠳᠠᠵᠠᠢ᠃ᠰᠠᠯᠲᠠᠭᠠᠨ ᠳ᠋ᠠᠭᠠᠨ(ᠳ᠋ᠤ᠌ ᠪᠠᠨ)ᠬᠠᠪᠴᠢᠭᠠᠳ ᠳᠠᠪᠬᠢᠳᠠᠭ ᠡᠮᠡᠭᠡᠯ ᠢ᠋ ᠠᠷᠤ ᠳ᠋ᠠᠭᠠᠨ(ᠳ᠋ᠤ᠌ ᠪᠠᠨ) ᠡᠭᠦᠷᠴᠦ ᠰᠤᠨᠲᠠᠯ᠎ᠠ ᠠᠯᠬᠤᠭᠰᠠᠨ ᠠ᠋ᠴᠠ ᠪᠣᠯᠵᠤ᠂ ᠬᠠᠮᠤᠭ ᠳᠠᠯᠤ ᠮᠥᠷᠥ᠂ ᠤᠭᠤᠴᠠ ᠨᠢᠷᠤᠭᠤ ᠬᠥᠰᠢᠵᠦ᠂ ᠬᠥᠯ ᠶᠡᠬᠡ ᠴᠢᠯᠡᠵᠡᠢ᠃ ᠭᠡᠪᠡᠴᠦ ᠶᠣᠰᠣ ᠶᠣᠮᠪᠣᠭᠠᠷ ᠭᠡᠵᠦ᠂ ᠶᠠᠭᠠᠬᠢᠬᠤ ᠶ᠋ᠢᠨ ᠠᠷᠭ᠎ᠠ ᠦᠭᠡᠢ᠂ ᠭᠡᠷ ᠦ᠋ᠨ ᠳᠣᠲᠣᠷ᠎ᠠ ᠬᠣᠢᠮᠣᠷ ᠲᠤ᠌ ᠰᠠᠭᠤᠬᠤ ᠬᠦᠨᠳᠦ ᠵᠣᠴᠢᠨ᠂ ᠭᠡᠷ ᠦ᠋ᠨ ᠡᠵᠡᠨ ᠦ᠌ ᠰᠠᠭᠤᠳᠠᠯ᠂ ᠡᠭᠦᠷᠢᠳᠡ ᠬᠠᠪᠢ ᠳ᠋ᠤ᠌ ᠣᠷᠣᠬᠤ ᠣᠷᠣᠨ ᠦᠭᠡᠢ ᠭᠤᠢᠯᠢᠨᠴᠢᠨ᠂ ᠵᠠᠷᠤᠴᠠ ᠨᠠᠷ ᠤ᠋ᠨ ᠰᠠᠭᠤᠬᠤ ᠭᠠᠵᠠᠷ ᠭᠡᠵᠦ ᠬᠥᠮᠦᠨ ᠦ᠌ ᠨᠢᠳᠦᠨ ᠳ᠋ᠦ᠍ ᠦᠵᠡᠭᠳᠡᠬᠦ ᠦᠭᠡᠢ ᠵᠠᠭᠠᠭ ᠪᠠᠢᠳᠠᠭ ᠢ᠋ ᠳᠠᠪᠠᠵᠤ ᠪᠣᠯᠳᠠᠭ ᠦᠭᠡᠢ᠂ ᠡᠪᠦᠳᠦᠭ ᠨᠤᠭᠤᠯᠤᠨ ᠴᠣᠮᠴᠣᠢᠵᠤ ᠰᠠᠭᠤᠬᠤ ᠠ᠋ᠴᠠ ᠥᠭᠡᠷ᠎ᠡ᠂ ᠰᠢᠷᠴᠢᠨ ᠰᠢᠭ ᠬᠥᠮᠦᠨ ᠳᠤᠷ᠎ᠠ ᠮᠡᠳᠡᠨ ᠬᠡᠪᠲᠡᠵᠦ ᠬᠠᠵᠠᠭᠤᠯᠳᠠᠵᠤ ᠪᠣᠯᠬᠤ ᠦᠭᠡᠢ᠃ ᠡᠢᠮᠦ ᠳᠡᠭᠡᠷ᠎ᠡ ᠡᠴᠡ᠂ ᠲᠤᠢᠯ ᠤ᠋ᠨ ᠶᠠᠳᠠᠭᠤ ᠬᠥᠮᠦᠨ ᠴᠦ᠍ ᠴᠡᠭᠡᠵᠢ ᠪᠡᠨ ᠲᠡᠨᠢᠢᠯᠭᠡᠨ᠂ ᠳᠤᠷ᠎ᠠ ᠪᠠᠷ ᠢ᠋ᠶ᠋ᠠᠨ ᠡᠵᠡᠨ ᠬᠥᠮᠦᠨ ᠰᠢᠭ ᠰᠠᠭᠤᠬᠤ ᠮᠠᠭᠤ ᠪᠣᠷᠣ ᠭᠡᠷ ᠲᠡᠭᠡᠨ( ᠲᠤ ᠪᠡᠨ) ᠪᠣᠭᠳᠠ᠂ ᠬᠠᠷ᠎ᠠ ᠭᠡᠷ ᠲᠡᠭᠡᠨ( ᠲᠤ ᠪᠡᠨ) ᠬᠠᠭᠠᠨ ᠭᠡᠵᠦ ᠪᠠᠢᠳᠠᠭ ᠪᠥᠭᠡᠳ ᠠᠢᠯ ᠤ᠋ᠨ ᠵᠠᠷᠤᠴᠠ ᠬᠥᠮᠦᠨ ᠳ᠋ᠦ᠍᠂ ᠵᠠᠷᠢᠮ ᠳ᠋ᠠᠭᠠᠨ(ᠳ᠋ᠤ᠌ ᠪᠠᠨ) ᠡᠵᠡᠨ ᠦ᠌ ᠰᠠᠢᠨ ᠪᠠᠢᠬᠤ ᠭᠡᠵᠦ ᠪᠠᠢᠭ᠎ᠠ ᠨᠢ ᠳᠠᠷᠤᠯᠠᠭᠰᠠᠨ ᠰᠢᠭ᠋ ᠦᠵᠡᠭᠳᠡᠵᠦ᠂ ᠡᠵᠡᠨ ᠬᠥᠮᠦᠨ ᠦ᠌ ᠭᠠᠷ ᠰᠤᠩᠭᠠᠨ ᠥᠭᠴᠦ ᠪᠠᠢᠭ᠎ᠠ ᠡᠮᠬᠦ ᠬᠣᠭᠣᠯᠠ ᠨᠢ ᠪᠣᠱᠣᠭ᠎ᠠ ᠶ᠋ᠢᠨ ᠭᠠᠳᠠᠨᠠᠬᠢ ᠨᠣᠬᠠᠢ ᠳ᠋ᠤ᠌ ᠶᠠᠰᠤ ᠬᠠᠶᠠᠵᠤ ᠪᠠᠢᠭ᠎ᠠ ᠠ᠋ᠴᠠ ᠲᠡᠳᠦᠢ ᠯᠡ ᠢᠯᠭᠠᠭ᠎ᠠ ᠦᠭᠡᠢ ᠰᠠᠨᠠᠭᠳᠠᠳᠠᠭ ᠠᠵᠢ᠃ 
       ᠰᠢᠷᠴᠢᠨ᠂ ᠴᠡᠷᠡᠨ ᠢ᠋ ᠠᠯᠢ ᠵᠦᠭ ᠲᠦ᠍ ᠬᠣᠨᠢ ᠪᠠᠨ ᠬᠠᠷᠢᠭᠤᠯᠵᠤ ᠪᠠᠢᠭ᠎ᠠ ᠶ᠋ᠢ ᠠᠰᠠᠭᠤᠵᠤ ᠮᠡᠳᠡᠭᠡᠳ ᠥᠭᠡᠳᠡ ᠡᠴᠡ ᠨᠢ ᠲᠣᠰᠣᠨ ᠣᠳᠴᠠᠢ᠃ ᠬᠥᠲᠥᠯ ᠳᠠᠪᠠᠭᠠᠳ᠂ ᠪᠡᠯᠴᠢᠭᠡᠭᠰᠡᠭᠡᠷ ᠠᠶᠠᠷᠬᠠᠨ ᠭᠡᠷ ᠦ᠋ᠨ ᠵᠦᠭ ᠠᠢᠰᠤᠢ ᠬᠣᠨᠢ ᠬᠠᠷᠠᠵᠤ᠂ ᠭᠠᠵᠠᠷ ᠳᠡᠯᠡᠬᠡᠢ ᠳᠡᠭᠡᠷ᠎ᠡ ᠭᠠᠭᠴᠠ ᠰᠠᠨᠠᠵᠤ ᠰᠠᠷᠪᠠᠢᠬᠤ ᠰᠡᠳᠬᠢᠯ ᠵᠢᠷᠦᠬᠡᠨ ᠦ᠌ ᠬᠥᠮᠦᠨ ᠢ᠋ ᠪᠠᠶᠠᠷᠯᠠᠨ ᠦᠵᠡᠪᠡ᠃ ᠴᠡᠷᠡᠨ᠂ ᠤᠳᠠᠭᠰᠠᠨ ᠨᠡᠬᠡᠢ ᠳᠡᠪᠡᠯ ᠡᠮᠦᠰᠴᠦ᠂ ᠤᠷᠲᠤ ᠰᠢᠯᠪᠢᠭᠦᠷ ᠪᠠᠷᠢᠭᠠᠳ᠂ ᠬᠣᠨᠢ ᠪᠠᠨ ᠲᠠᠭᠤᠵᠤ᠂ ᠰᠢᠷᠴᠢᠨ ᠦ᠌ ᠳᠡᠷᠭᠡᠳᠡ ᠬᠦᠷᠴᠦ ᠢᠷᠡᠭᠡᠳ᠂ 
       — ᠴᠢ ᠪᠤᠴᠠᠵᠤ ᠢᠷᠡᠪᠡᠦ? ᠭᠡᠵᠦ ᠠᠶᠠᠷᠬᠠᠨ ᠳᠤᠤᠭᠠᠷᠴᠤ ᠬᠦᠷᠡᠩ ᠴᠢᠷᠠᠢ ᠳ᠋ᠤᠨᠢ ᠪᠠᠶᠠᠷ ᠤ᠋ᠨ ᠲᠡᠮᠳᠡᠭ ᠢᠯᠡᠷᠡᠨ᠂ ᠪᠢ ᠴᠢᠮᠠᠶ᠋ᠢ(ᠴᠢᠮ᠎ᠠ ᠶ᠋ᠢ) ᠶᠡᠬᠡᠯ᠎ᠡ (ᠶᠡᠬᠡ ᠯᠡ)ᠰᠠᠨᠠᠵᠤ ᠪᠠᠢᠯ᠎ᠠ ᠭᠡᠬᠦ ᠳ᠋ᠦ᠍ᠨᠢ᠂  
       — ᠪᠤᠴᠠᠵᠤ ᠢᠷᠡᠯ᠎ᠡ ᠭᠡᠵᠦ ᠬᠡᠯᠡᠭᠡᠳ ᠬᠣᠶᠠᠭᠤᠯᠠ ᠶᠠᠯᠢᠬᠤ ᠦᠭᠡᠢ ᠭᠠᠭᠴᠠ ᠨᠢᠭᠡ ᠦᠭᠡ ᠬᠡᠯᠡᠯᠴᠡᠨ᠂ ᠬᠣᠨᠢ ᠲᠤᠷᠭᠢᠬᠤ᠂ ᠴᠠᠰᠤ ᠬᠣᠨᠢᠨ ᠤ᠋ ᠬᠥᠯ ᠳ᠋ᠦ᠍ ᠬᠢᠬᠤᠨᠠᠬᠤ ᠴᠢᠮᠡᠭᠡ ᠴᠢᠩᠨᠠᠵᠤ᠂ ᠬᠣᠨᠢᠴᠢᠨ ᠤ᠋ ᠶᠠᠭᠠᠷᠠᠯ ᠦᠭᠡᠢ ᠠᠯᠬᠤᠮ ᠢ᠋ᠶ᠋ᠠᠷ ᠬᠠᠢᠪᠠᠷᠠᠰ ᠬᠠᠢᠪᠠᠷᠠᠰ ᠠᠯᠬᠤᠵᠤ ᠬᠠᠶ᠎ᠠ(ᠬᠠᠶᠠ) ᠮᠥᠷᠥ ᠮᠥᠷᠥ ᠪᠡᠨ ᠮᠥᠷᠭᠥᠯᠳᠦᠨ᠂ ᠶᠡᠬᠡᠯ᠎ᠡ(ᠶᠡᠬᠡ ᠯᠡ) ᠪᠠᠶᠠᠷᠲᠠᠢ ᠵᠢᠷᠭᠠᠯ ᠲᠠᠢ ᠵᠡᠷᠭᠡᠴᠡᠨ ᠶᠠᠪᠤᠪᠠ᠃ ᠭᠡᠲᠡᠯ᠎ᠡ ᠬᠥᠲᠥᠯ ᠳᠡᠭᠡᠷ᠎ᠡ ᠡᠴᠡ ᠡᠵᠡᠨ ᠠᠢᠯ ᠤ᠋ᠨ ᠭᠡᠷ ᠦᠵᠡᠭᠳᠡᠮᠡᠭᠴᠡ᠂ ᠡᠭᠦᠳᠡᠨ ᠳ᠋ᠦ᠍ ᠰᠠᠭᠤᠳᠠᠭ᠂ ᠬᠥᠮᠦᠨ ᠦ᠌ ᠡᠷᠬᠡᠨ ᠳ᠋ᠦ᠍ ᠣᠷᠣᠬᠤ ᠠᠮᠢᠲᠠᠨ ᠪᠣᠯᠵᠤ᠂ ᠨᠢᠳᠦᠨ ᠳ᠋ᠦ᠍ ᠦᠯᠦ ᠦᠵᠡᠭᠳᠡᠬᠦ ᠶᠠᠮᠠᠷ ᠨᠢᠭᠡᠨ ᠬᠦᠴᠦᠨ᠂ ᠲᠡᠷᠡ ᠬᠣᠶᠠᠷ ᠢ᠋ ᠰᠠᠯᠭᠠᠭᠰᠠᠨ ᠮᠡᠲᠦ ᠳᠠᠭᠤᠨ ᠴᠢᠮᠡᠭᠡ ᠦᠭᠡᠢ ᠬᠣᠶᠠᠷ ᠲᠡᠰᠢ (ᠲᠠᠢᠰᠢ) ᠪᠠᠨ ᠰᠠᠯᠤᠭᠠᠳ᠂ ᠬᠣᠲᠠ ᠪᠠᠭᠤᠴᠠ ᠪᠠᠨ ᠬᠠᠷᠠᠵᠤ ᠲᠦᠷᠭᠡᠯᠡᠨ ᠭᠡᠷ ᠲᠡᠰᠢ(ᠲᠠᠢᠰᠢ)  ᠲᠡᠮᠡᠦᠯᠦᠭᠰᠡᠨ ᠬᠣᠨᠢᠨ ᠤ᠋ ᠬᠣᠶᠠᠷ ᠬᠠᠵᠠᠭᠤ ᠳ᠋ᠤᠨᠢ ᠶᠠᠪᠤᠪᠠ᠃ 
       ᠰᠢᠷᠴᠢᠨ ᠢ᠋ ᠬᠣᠨᠢ ᠬᠣᠲᠠᠯᠠᠭᠤᠯᠵᠤ ᠭᠦᠢᠴᠡᠭᠡᠳ ᠭᠡᠷ ᠲᠦ᠍ ᠣᠷᠣᠬᠤ ᠳ᠋ᠤ᠌᠂ ᠵᠠᠩᠭᠢ ᠬᠡᠳᠦᠢᠨ ᠴᠠᠢ ᠪᠠᠨ ᠤᠤᠭᠤᠵᠤ ᠬᠣᠢᠮᠣᠷ ᠲᠠᠭᠠᠨ ᠰᠠᠭᠤᠵᠤ ᠪᠠᠢᠭᠰᠠᠨ ᠢ᠋ᠶ᠋ᠠᠨ᠂ ᠰᠢᠷᠴᠢᠨ ᠢ᠋ ᠦᠵᠡᠭᠡᠳ ᠮᠠᠭᠠᠰᠠᠢᠵᠤ᠂   
       — ᠵᠠ ᠮᠠᠨᠠᠢ ᠳᠠᠢᠴᠢᠨ ᠪᠠᠭᠠᠲᠤᠷ ᠪᠤᠴᠠᠵᠤ ᠢᠷᠡᠪᠡᠦ? ᠠᠶᠠᠨ ᠲᠡᠢᠨ ᠳ᠋ᠦ᠍ ᠰᠠᠢᠨ ᠶᠠᠪᠤᠵᠤ᠂ ᠠᠯᠳᠠᠷ ᠨᠡᠷ᠎ᠡ ᠪᠡᠨ ᠮᠠᠨᠳᠤᠭᠤᠯᠵᠤ᠂ ᠠᠲᠠᠭᠠᠲᠠᠨ ᠳᠠᠢᠰᠤᠨ ᠢ᠋ᠶ᠋ᠠᠨ ᠳᠠᠷᠤᠵᠤ ᠢᠷᠡᠪᠡᠦ? ᠣᠯᠵᠠ ᠣᠮᠣᠭ ᠶᠡᠬᠡᠲᠡᠢ ᠶᠠᠪᠤᠵᠤ ᠢᠷᠡᠪᠡᠦ? ᠳᠥᠢ᠍ᠩᠭᠡᠷ ᠴᠢᠮᠠᠲᠠᠢ(ᠴᠢᠮ᠎ᠠ ᠲᠠᠢ) ᠠᠭᠤᠯᠵᠠᠭᠠᠳ᠂ ᠮᠣᠷᠢ ᠪᠠᠨ ᠬᠤᠷᠢᠶᠠᠵᠤ ᠠᠪᠤᠭᠠᠳ ᠴᠢᠮᠠᠶ᠋ᠢ ᠬᠡᠭᠡᠷ᠎ᠡ ᠶᠠᠪᠠᠭᠠᠯᠠᠵᠠᠢ ᠭᠡᠵᠦ ᠳᠠᠭᠤᠯᠳᠠᠪᠠᠤ(ᠳᠤᠭᠤᠯᠳᠠᠪᠠᠤ)? ᠭᠡᠬᠦ ᠳ᠋ᠦ᠍ᠨᠢ ᠰᠢᠷᠴᠢᠨ᠂ ᠵᠠᠩᠭᠢ ᠶ᠋ᠢᠨ ᠶᠣᠵᠣᠯᠠᠨ ᠠᠰᠠᠭᠤᠬᠤ ᠦᠭᠡ ᠶ᠋ᠢᠨ ᠬᠠᠷᠢᠭᠤ  ᠣᠭᠵᠣᠮ ᠪᠣᠭᠣᠨᠢ ᠭᠠᠭᠴᠠ ᠭᠠᠭᠴᠠ ᠦᠭᠡ ᠪᠡᠷ ᠬᠠᠷᠢᠭᠤ ᠬᠡᠯᠡᠵᠦ᠂ ᠬᠣᠷᠣᠰᠤᠯ ᠴᠡᠭᠡᠵᠢᠨ ᠳ᠋ᠦ᠍ᠨᠢ ᠵᠠᠩᠭᠢᠷᠠᠭᠠᠳ᠂ ᠵᠠᠩᠭᠢ ᠶ᠋ᠢᠨ ᠬᠣᠣᠷ ᠦᠭᠡᠢ ᠬᠣᠱᠣᠩᠨᠠᠵᠤ ᠪᠠᠢᠭ᠎ᠠ ᠪᠠᠢᠳᠠᠯ ᠨᠢ ᠭᠡᠷ ᠦ᠋ᠨ ᠡᠵᠡᠨ ᠬᠥᠮᠦᠨ᠂ ᠬᠥᠯ ᠦ᠋ᠨ ᠳᠣᠣᠷ᠎ᠠ ᠬᠡᠪᠲᠡᠵᠦ ᠪᠠᠢᠭ᠎ᠠ ᠨᠣᠬᠠᠢ ᠶ᠋ᠢ ᠬᠠᠶᠠ ᠡᠷᠬᠡᠯᠡᠭᠦᠯᠵᠦ᠂ ᠭᠤᠲᠤᠯ ᠤ᠋ᠨ ᠬᠣᠰᠢᠭᠤ ᠪᠠᠷ ᠢᠯᠢᠳᠡᠭ ᠲᠡᠢ ᠠᠳᠠᠯᠢ᠂ ᠪᠡᠶ᠎ᠡ ᠪᠡᠨ ᠡᠵᠡᠨ ᠬᠥᠮᠦᠨ ᠭᠡᠵᠦ ᠲᠣᠭᠣᠮᠰᠠᠷ ᠦᠭᠡᠢ ᠪᠠᠢᠳᠠᠯ ᠲᠠᠢ ᠪᠣᠯᠪᠠᠴᠤ᠂ ᠡᠯᠡᠭᠯᠡᠨ ᠳᠣᠭᠣᠭᠢᠯᠠᠭᠰᠠᠨ ᠢ᠋ᠶ᠋ᠠᠷ ᠳᠣᠲᠣᠨᠣ ᠰᠢᠭ᠋ ᠦᠵᠡᠵᠦ ᠪᠠᠢᠭ᠎ᠠ ᠶ᠋ᠢ ᠮᠡᠳᠡᠭᠳᠡᠨ᠂ ᠰᠢᠷᠴᠢᠨ ᠢ᠋ ᠤᠷᠢᠳᠤ ᠶ᠋ᠢᠨ ᠠᠳᠠᠯᠢ ᠦᠭᠡ ᠬᠠᠷᠢᠭᠤᠴᠠᠬᠤ ᠶᠣᠰᠣ ᠦᠭᠡᠢ ᠵᠠᠷᠤᠴᠠ ᠬᠡᠪ ᠢ᠋ᠶ᠋ᠡᠷ ᠢ᠋ᠶ᠋ᠡᠨ ᠦᠵᠡᠵᠦ ᠪᠠᠢᠭ᠎ᠠ ᠨᠢ ᠢᠯᠡᠷᠬᠡᠢ ᠠᠵᠢ᠃ ᠣᠳᠣ᠂ ᠬᠡᠳᠦᠢ ᠰᠢᠨ᠎ᠡ ᠤᠯᠤᠰ ᠲᠥᠷᠥ ᠲᠣᠭᠲᠠᠪᠠᠴᠤ ᠥᠭᠡᠷ᠎ᠡ ᠪᠣᠯᠤᠭᠰᠠᠨ ᠵᠦᠢᠯ ᠠᠯᠠᠭ᠎ᠠ ᠠᠵᠢ ᠭᠡᠵᠦ ᠪᠣᠳᠣᠭᠳᠠᠯ᠎ᠠ᠂ ᠰᠠᠢᠨ ᠰᠠᠢᠬᠠᠨ ᠠᠵᠤ ᠲᠥᠷᠥᠨ ᠠᠮᠢᠳᠤᠷᠠᠬᠤ ᠪᠣᠯᠤᠨ᠎ᠠ ᠭᠡᠵᠦ ᠰᠢᠷᠴᠢᠨ ᠦ᠌ ᠡᠷᠡᠮᠡᠯᠵᠡᠨ ᠪᠣᠳᠣᠳᠠᠭ ᠨᠢ ᠥᠴᠦᠬᠡᠨ ᠰᠠᠯᠬᠢ ᠬᠥᠳᠡᠯᠦᠮᠡᠭᠴᠡ ᠬᠡᠢᠰᠴᠦ ᠠᠯᠠᠭ᠎ᠠ ᠪᠣᠯᠳᠠᠭ ᠴᠢᠨᠳᠠᠷᠠᠤ (ᠴᠢᠨᠳᠠᠷᠤᠤ) ᠰᠢᠭ᠋ ᠪᠣᠯᠪᠠ᠃ ᠲᠡᠭᠡᠵᠦ ᠰᠢᠷᠴᠢᠨ ᠦ᠌ ᠭᠤᠨᠢᠬᠠᠷᠠᠨ ᠪᠣᠳᠣᠵᠤ ᠪᠠᠢᠲᠠᠯ᠎ᠠ᠂ ᠵᠠᠩᠭᠢ ᠶ᠋ᠢᠨ ᠡᠬᠡᠨᠡᠷ ᠲᠡᠢ ᠰᠣᠨᠢᠨ ᠢ᠋ ᠶᠠᠷᠢᠵᠤ ᠪᠠᠢᠭ᠎ᠠ ᠨᠢ ᠰᠢᠷᠴᠢᠨ ᠦ᠌ ᠴᠢᠬᠢᠨ ᠳ᠋ᠦ᠍ ᠣᠷᠣᠵᠤ᠂ ᠴᠢᠩᠨᠠᠪᠠᠯ᠄ 
       — ᠵᠠᠯᠠᠨ ᠭᠣᠮᠪᠣ᠂ ᠣᠳᠣ ᡀᠠ ᠪᠠᠢᠰᠠ ᠶ᠋ᠢᠨ ᠬᠤᠰᠢᠭᠤᠨ ᠤ᠋ ᠵᠠᠬᠢᠷᠤᠭᠴᠢ ᠪᠣᠯᠪᠠ᠃ ᠪᠣᠭᠳᠠ ᠬᠠᠭᠠᠨ ᠤ᠋ ᠵᠠᠷᠯᠢᠭ ᠢ᠋ᠶ᠋ᠠᠷ ᠪᠦᠬᠦ ᠲᠦᠰᠢᠮᠡᠳ ᠢ᠋ ᠨᠢᠭᠡᠨ ᠵᠡᠷᠭᠡ ᠳᠡᠪᠰᠢᠭᠦᠯᠪᠡ ᠭᠡᠨ᠎ᠡ᠃ ᠮᠠᠷᠭᠠᠰᠢ ᠲᠠᠮᠠᠭ᠎ᠠ ᠶ᠋ᠢᠨ ᠭᠠᠵᠠᠷ ᠣᠴᠢᠵᠤ᠂ ᠰᠢᠨ᠎ᠡ ᠵᠠᠬᠢᠷᠤᠭᠴᠢ ᠭᠤᠸᠠᠢ ᠳ᠋ᠤ᠌ ᠪᠠᠷᠠᠭᠠᠯᠬᠠᠵᠤ ᠵᠡᠷᠭᠡ ᠳᠡᠪᠰᠢᠭᠰᠡᠨ ᠦ᠌ ᠪᠠᠶᠠᠷ ᠬᠦᠷᠭᠡᠭᠡᠳ᠂ ᠪᠢ ᠥᠪᠡᠷ ᠢ᠋ᠶ᠋ᠡᠨ ᠴᠦ᠍ ᠪᠠᠰᠠ ᠲᠦᠰᠢᠮᠡᠯ ᠦ᠋ᠨ ᠲᠣᠭᠠᠨ ᠳ᠋ᠤ᠌ ᠣᠷᠣᠭᠰᠠᠨ ᠤ᠋ ᠰᠢᠨ᠎ᠡ ᠵᠢᠩᠰᠡ ᠣᠯᠵᠤ ᠠᠪᠬᠤ ᠬᠡᠷᠡᠭᠲᠡᠢ ᠪᠣᠯᠵᠠᠢ᠃ ᠡᠮᠡᠭᠡᠨ ᠴᠢ ᠨᠠᠳᠠᠳᠤ ᠬᠠᠳᠠᠭ ᠪᠡᠯᠡᠳᠬᠡᠭᠡᠳ ᠪᠠᠢᠭᠠᠷᠠᠢ᠂ ᠮᠠᠷᠭᠠᠰᠢ ᠵᠠᠬᠢᠷᠤᠭᠴᠢ ᠭᠤᠸᠠᠢ ᠶ᠋ᠢᠨ ᠵᠡᠷᠭᠡ ᠬᠣᠰᠢᠭᠤ ᠲᠠᠮᠠᠭ᠎ᠠ ᠶ᠋ᠢᠨ ᠲᠦᠰᠢᠮᠡᠳ ᠲᠦ᠍ ᠡᠨᠡ ᠵᠢᠯ ᠵᠢᠩᠰᠡ ᠨᠡᠮᠡᠭᠳᠡᠵᠦ ᠣᠯᠠᠨ᠎ᠠ ᠶ᠋ᠢᠨ ᠠᠩᠬᠠᠨ ᠣᠨ ᠳ᠋ᠤ᠌ ᠤᠲᠤᠭ᠎ᠠ ᠨᠡᠮᠡᠭᠳᠡᠭᠰᠡᠨ ᠦ᠌ ᠪᠠᠶᠠᠷ ᠤ᠋ᠨ ᠶᠣᠰᠣᠨ ᠳ᠋ᠤ᠌ ᠬᠠᠳᠠᠭ ᠪᠠᠷᠢᠬᠤ ᠬᠡᠷᠡᠭᠲᠡᠢ ᠪᠣᠯᠵᠠᠢ᠃ ᠶᠠᠭᠠᠬᠢᠶ᠎ᠠ ᠭᠡᠬᠦ ᠪᠣᠢ? ᠰᠣᠬᠣᠷ ᠤ᠋ᠨ ᠭᠠᠵᠠᠷ ᠰᠣᠬᠣᠷ ᠢ᠋ᠶ᠋ᠠᠷ᠂ ᠳᠣᠭᠣᠯᠠᠩ ᠤ᠋ᠨ ᠭᠠᠵᠠᠷ ᠳᠣᠭᠣᠯᠠᠩ ᠢ᠋ᠶ᠋ᠠᠷ ᠭᠡᠳᠡᠭ ᠰᠢᠦ ᠳᠡ᠃ ᠭᠣᠮᠪᠣ ᠵᠠᠬᠢᠷᠤᠭᠴᠢ ᠬᠥᠮᠦᠨ ᠢ᠋ ᠵᠢᠰᠤᠷᠳᠠᠬᠤ ᠨᠡᠢᠯᠡᠭᠦᠯᠬᠦ ᠳ᠋ᠦ᠍ ᠲᠤᠩ ᠴᠤ᠌ ᠳᠤᠷᠠᠲᠠᠢ ᠪᠢᠰᠢᠦ᠃ ᠶᠡᠬᠡᠰ ᠳᠡᠭᠡᠳᠦᠰ ᠦ᠋ᠨ ᠡᠮᠦᠨ᠎ᠡ ᠥᠪᠡᠷ ᠢ᠋ᠶ᠋ᠡᠨ ᠵᠢᠰᠤᠷᠳᠠᠵᠤ᠂ ᠭᠤᠲᠤᠯ ᠢ᠋ ᠳᠣᠯᠢᠶᠠᠵᠤ ᠣᠷᠬᠢᠨ ᠠᠯᠳᠠᠳᠠᠭ ᠠᠮᠢᠲᠠᠨ ᠰᠢᠦ ᠭᠡᠪᠡ᠃  
               *            *          *    
       ᠬᠣᠰᠢᠭᠤ ᠲᠠᠮᠠᠭ᠎ᠠ ᠠ᠋ᠴᠠ ᠵᠠᠩᠭᠢ᠂ ᠠᠯᠪᠠᠨ ᠤ᠋ ᠬᠦᠢᠲᠡᠨ ᠴᠢᠷᠠᠢ  ᠴᠢᠷᠠᠢᠯᠠᠭᠠᠳ ᠢᠷᠡᠵᠡᠢ᠃  
       ᠪᠤᠭᠤᠷᠤᠯ ᠬᠥᠮᠥᠰᠬᠡ ᠪᠡᠨ ᠵᠠᠩᠭᠢᠳᠴᠤ᠂ ᠰᠢᠷᠴᠢᠨ ᠦ᠌ ᠵᠦᠭ ᠥᠭᠦᠯᠡᠷᠦᠨ᠄ 
       — ᠵᠠ᠂ ᠳᠠᠢᠴᠢᠨ ᠮᠢᠨᠢ᠂ ᠳᠡᠪᠡᠯ ᠭᠤᠲᠤᠯ ᠤ᠋ᠨ ᠦᠨ᠎ᠡ ᠲᠥᠯᠥᠪᠦᠷᠢ ᠳ᠋ᠦ᠍ ᠤᠨᠠᠵᠤ ᠳᠠ ᠴᠢ ᠮᠢᠨᠢ᠃ ᠳᠡᠪᠡᠯ ᠦ᠋ᠨ ᠳᠥᠴᠢᠨ ᠪᠠᠩᠵᠠ᠂ ᠭᠤᠲᠤᠯ ᠤ᠋ᠨ ᠠᠷᠪᠠᠨ ᠱᠠᠬᠠᠢ ᠰᠢᠳᠬᠡᠭᠦᠯᠵᠦ (ᠰᠢᠢᠳᠬᠡᠭᠦᠯᠵᠦ)ᠳᠡ ᠴᠢ᠂ ᠬᠣᠰᠢᠭᠤ ᠲᠠᠮᠠᠭ᠎ᠠ ᠶ᠋ᠢᠨ ᠭᠠᠵᠠᠷ ᠤᠯᠢᠶᠠᠰᠤᠲᠠᠢ ᠠ᠋ᠴᠠ ᠪᠢᠴᠢᠭ ᠢᠷᠡᠵᠡᠢ᠃ ᠪᠠᠩᠵᠠᠳᠠᠬᠤ ᠶᠠᠭᠤᠮᠠᠨ ᠳ᠋ᠤ᠌ ᠲᠤᠩ ᠬᠥᠩᠭᠡᠨ ᠱᠠᠯᠠᠮᠠᠭᠠᠢ ᠪᠣᠯᠤᠭᠠᠳ ᠪᠠᠢᠬᠤ ᠰᠢᠪ ᠳᠡ ᠮᠠᠨᠠᠢᠬᠠᠨ᠃ ᠯᠠᠮᠠ ᠶ᠋ᠢᠨ ᠭᠡᠭᠡᠬᠡᠨ(ᠭᠡᠭᠡᠨ) ᠦ᠌ ᠵᠢᠰᠠ ᠶ᠋ᠢᠨ ᠵᠠᠷᠭᠤ ᠶ᠋ᠢ ᠶᠣᠰᠣᠭᠠᠷ ᠪᠣᠯᠭᠠᠵᠤ᠂ ᠬᠢᠲᠠᠳ ᠢ᠋ ᠳᠡᠭᠡᠷᠡᠮᠳᠡᠭᠰᠡᠨ ᠴᠡᠷᠢᠭ ᠪᠦᠭᠦᠳᠡ ᠶ᠋ᠢ ᠳᠥᠴᠢ ᠳᠥᠴᠢᠨ ᠪᠠᠩᠵᠠ᠂ ᠠᠷᠪᠠ ᠠᠷᠪᠠᠨ ᠱᠠᠬᠠᠢ ᠵᠠᠨᠴᠢ᠃ ᠪᠠᠰᠠ᠂ ᠳᠡᠭᠡᠷᠡᠮᠳᠡᠭᠰᠡᠨ ᠡᠳ᠋ ᠦ᠋ᠨ ᠦᠨ᠎ᠡ ᠶ᠋ᠢ ᠵᠣᠬᠢᠬᠴᠢᠳ(ᠴᠣᠬᠢᠬᠴᠢᠳ) ᠤ᠋ᠨ ᠨᠡᠷ᠎ᠡ ᠶ᠋ᠢᠨ ᠳᠣᠣᠷ᠎ᠠ ᠠ᠋ᠴᠠ ᠭᠠᠷᠭᠠᠭᠤᠯ ᠭᠡᠵᠦ ᠪᠢᠴᠢᠭ ᠢ᠋ᠶ᠋ᠡᠷ ᠲᠤᠰᠢᠶᠠᠵᠠᠢ᠃ ᠴᠢ᠂ ᠭᠠᠭᠴᠠ ᠳᠡᠪᠡᠯ ᠭᠤᠲᠤᠯ ᠬᠣᠶᠠᠷ ᠢ᠋ ᠠᠪᠤᠭᠰᠠᠨ ᠴᠢᠨᠢ᠂ ᠠᠵᠠ ᠴᠢᠨᠢ ᠪᠣᠯᠵᠤ ᠳᠠ᠃ ᠪᠢ ᠲᠠᠮᠠᠭ᠎ᠠ ᠶ᠋ᠢᠨ ᠭᠠᠵᠠᠷ ᠭᠤᠲᠤᠯ ᠬᠤᠪᠴᠠᠰᠤ ᠮᠠᠭᠤ ᠲᠠᠢ ᠶᠠᠳᠠᠭᠤ ᠠᠮᠢᠲᠠᠨ ᠶᠤᠮ᠃ ᠣᠰᠤᠭᠤᠵᠤ ᠦᠬᠦᠬᠦ ᠶ᠋ᠢᠨ ᠳᠠᠪᠠᠭᠠᠨ ᠳᠡᠭᠡᠷ᠎ᠡ ᠳᠡᠪᠡᠯ ᠭᠤᠲᠤᠯ ᠠᠪᠬᠤ ᠠ᠋ᠴᠠ ᠪᠢᠰᠢ᠂ ᠬᠥᠮᠦᠨ ᠠᠯᠠᠵᠤ ᠬᠦᠷᠢᠶ᠎ᠡ ᠲᠠᠯᠠᠬᠤ ᠠᠮᠢᠲᠠᠨ ᠪᠢᠰᠢ ᠭᠡᠵᠦ ᠠᠷᠠᠢ ᠴᠢᠮᠠᠢ ᠭᠡᠵᠦ ᠤᠴᠢᠷ ᠪᠠᠢᠳᠠᠯ ᠢ᠋ ᠭᠠᠷᠭᠠᠵᠤ᠂ ᠴᠢᠮ᠎ᠠ ᠠ᠋ᠴᠠ ᠳᠡᠪᠡᠯ ᠭᠤᠲᠤᠯ ᠲᠥᠯᠥᠭᠦᠯᠬᠦ ᠨᠡᠬᠡᠭᠦᠯᠬᠦ ᠶ᠋ᠢ ᠪᠠᠢᠯᠭᠠᠯ᠎ᠠ᠃ ᠭᠡᠪᠡᠴᠦ᠂ ᠪᠠᠩᠵᠠ ᠱᠠᠬᠠᠢ ᠶ᠋ᠢ ᠲᠣᠭ᠎ᠠ ᠶᠣᠰᠣᠭᠠᠷ ᠵᠠᠨᠴᠢᠭᠤᠯᠬᠤ ᠠ᠋ᠴᠠ ᠥᠭᠡᠷ᠎ᠡ ᠮᠡᠬᠡ ᠠᠯᠠᠭ᠎ᠠ ᠳᠠ᠃ ᠲᠡᠭᠡᠭᠡᠳ ᠳᠥᠴᠢᠨ ᠪᠠᠩᠵᠠ ᠪᠠᠷ ᠨᠢᠭᠡ ᠳᠡᠪᠡᠯ ᠲᠡᠢ᠂ ᠠᠷᠪᠠᠨ ᠱᠠᠬᠠᠢ ᠪᠠᠷ ᠨᠢᠭᠡ ᠭᠤᠲᠤᠯ ᠲᠠᠢ ᠪᠣᠯᠤᠭᠠᠳ ᠢᠷᠡᠵᠦ ᠳᠠ᠂ ᠴᠢ ᠮᠢᠨᠢ ᠭᠡᠬᠦ ᠳ᠋ᠦ᠍ᠨᠢ᠂ 
       — ᠲᠡᠷᠡ ᠪᠠᠩᠵᠠ(ᠪᠠᠨᠰᠠ) ᠱᠠᠬᠠᠢ ᠶ᠋ᠢ ᠨᠢ ᠢᠩᠭᠢᠰ ᠲᠢᠩᠭᠢᠰ ᠭᠡᠳ ᠠᠷᠭᠠᠯᠠᠵᠤ ᠪᠣᠯᠬᠤ ᠦᠭᠡᠢ ᠶᠦᠮ ᠪᠢᠯᠢᠤ(ᠪᠢᠯᠡ ᠤᠤ)? ᠭᠡᠵᠦ ᠵᠠᠩᠭᠢ ᠶ᠋ᠢᠨ ᠠᠪᠠᠭᠠᠢ ᠵᠠᠭᠤᠴᠢᠯᠠᠪᠠ᠃ 
       — ᠲᠡᠷᠡ ᠭᠣᠷᠢ ᠦᠭᠡᠢ ᠨᠢ᠃ ᠮᠠᠷᠭᠠᠰᠢ ᠲᠠᠮᠠᠭ᠎ᠠ ᠶ᠋ᠢᠨ ᠭᠠᠵᠠᠷ ᠲᠤᠰᠬᠠᠢ ᠲᠦᠰᠢᠮᠡᠯ ᠢᠷᠡᠵᠦ᠂ ᠬᠢᠲᠠᠳ ᠢ᠋ ᠳᠡᠭᠡᠷᠡᠮᠳᠡᠨ ᠬᠣᠬᠢᠷᠠᠭᠤᠯᠤᠭᠰᠠᠨ ᠬᠡᠷᠡᠭ ᠦ᠋ᠨ ᠲᠤᠬᠠᠢ ᠪᠠᠢᠴᠠᠭᠠᠬᠤ ᠶᠤᠮ ᠭᠡᠨ᠎ᠡ᠃ ᠪᠢ ᠴᠦ᠍ ᠠᠯᠪᠠᠨ ᠲᠤᠰᠢᠶᠠᠯ ᠤ᠋ᠨ ᠬᠤᠪᠢ ᠳ᠋ᠤ᠌ ᠪᠠᠢᠯᠴᠠᠬᠤ ᠶᠣᠰᠣᠲᠠᠢ ᠪᠣᠯᠪᠠ᠃ ᠬᠤᠶᠠᠭ ᠤ᠋ᠳ ᠲᠤ᠌᠂ ᠪᠠᠩᠵᠠᠳᠠᠬᠤ(ᠪᠠᠨᠰᠠᠳᠠᠬᠤ) ᠳ᠋ᠠᠭᠠᠨ(ᠳ᠋ᠤ᠌ ᠪᠠᠨ) ᠪᠠᠰᠠ ᠠᠮᠢᠲᠠᠨ ᠤ᠋ ᠮᠢᠬ᠎ᠠ ᠢᠳᠡᠵᠦ᠂ ᠪᠢᠲᠡᠭᠡᠢ ᠬᠠᠷᠭᠢᠰᠯᠠᠭᠠᠷᠠᠢ ᠭᠡᠵᠦ ᠭᠠᠢᠬᠠᠬᠤ ᠳ᠋ᠠᠭᠠᠨ(ᠳ᠋ᠤ᠌ ᠪᠠᠨ )ᠰᠠᠮ ᠵᠠᠬᠢᠯ᠎ᠠ᠃  ᠪᠠᠩᠵᠠᠳᠠᠬᠤ(ᠪᠠᠨᠰᠠᠳᠠᠬᠤ)ᠴᠤ᠌ ᠶᠠᠭᠠᠬᠢᠬᠤ ᠪᠣᠢ᠂ ᠪᠠᠩᠵᠠᠳᠠᠭᠰᠠᠨ(ᠪᠠᠨᠰᠠᠳᠠᠭᠰᠠᠨ) ᠪᠣᠯᠤᠭᠠᠳ ᠥᠩᠭᠡᠷᠡᠭᠦᠯᠵᠦ ᠪᠣᠯᠤᠨ᠎ᠠ᠃ ᠭᠠᠭᠴᠠ ᠱᠠᠬᠠᠢ ᠶ᠋ᠢ ᠠᠷᠭᠠᠯᠠᠬᠤ ᠠᠷᠭ᠎ᠠ ᠦᠭᠡᠢ᠃ ᠲᠦᠰᠢᠮᠡᠯ ᠵᠣᠬᠢᠬᠤ ᠭᠠᠵᠠᠷ ᠤ᠋ᠨ ᠲᠤᠰᠢᠶᠠᠭᠰᠠᠨ ᠢ᠋ ᠶᠣᠰᠣᠴᠢᠯᠠᠨ ᠭᠦᠢᠴᠡᠳᠬᠡᠵᠦ ᠪᠠᠢᠭ᠎ᠠ ᠶ᠋ᠢ ᠦᠵᠡᠭ ᠭᠡᠵᠦ ᠬᠠᠴᠠᠷ ᠬᠠᠪᠤᠳᠲᠠᠯ᠎ᠠ ᠠᠷᠪᠠᠨ ᠰᠠᠢᠨ ᠱᠠᠬᠠᠢ ᠪᠠᠭᠤᠯᠭᠠᠬᠤ ᠠ᠋ᠴᠠ ᠳᠠ ᠭᠡᠬᠦ ᠳ᠋ᠦ᠍ ᠴᠡᠷᠡᠨ ᠦ᠌ ᠳᠣᠲᠣᠷ᠎ᠠ ᠫᠠᠯ ᠬᠢᠪᠡ᠃ ᠰᠢᠷᠴᠢᠨ ᠥᠭᠡᠳᠡ ᠬᠠᠷᠠᠬᠤ ᠭᠡᠳ ᠨᠢᠳᠦ ᠳᠠᠯᠳᠢᠷᠠᠭᠰᠠᠨ ᠢ᠋ ᠨᠢ ᠵᠠᠯᠠᠭᠤ ᠬᠦᠦ ᠬᠡᠳᠦᠢᠨ ᠭᠠᠳᠠᠷᠯᠠᠵᠠᠢ᠃ ᠪᠠᠩᠵᠠ( ᠪᠠᠨᠰᠠ) ᠱᠠᠬᠠᠢ ᠵᠠᠨᠴᠢᠭᠤᠯᠤᠭᠰᠠᠨ ᠠ᠋ᠴᠠ ᠬᠣᠢᠰᠢ ᠰᠢᠷᠴᠢᠨ ᠬᠡᠳᠦᠨ ᠬᠣᠨᠣᠭ ᠬᠠᠴᠠᠷ ᠬᠠᠪᠤᠳᠴᠤ᠂ ᠪᠠᠬᠠᠨ ᠠᠯᠴᠠᠭᠠᠨᠠᠨ ᠶᠠᠪᠤᠵᠤ ᠪᠢᠯᠡ᠃  
       ᠳᠥᠴᠢᠨ ᠪᠠᠩᠵᠠ(ᠪᠠᠨᠰᠠ) ᠶ᠋ᠢ ᠬᠡᠳᠦᠢ ᠬᠥᠩᠭᠡᠪᠴᠢᠯᠡᠨ ᠪᠠᠩᠵᠠᠳᠠᠪᠠᠴᠤ(ᠪᠠᠨᠰᠠᠳᠠᠪᠠᠴᠤ) ᠪᠠᠰᠠᠯᠠ(ᠪᠠᠰᠠ ᠯᠠ) ᠶᠠᠭ ᠦᠭᠡᠢ ᠬᠡᠴᠡᠭᠦᠦ ᠪᠠᠢᠵᠠᠢ᠃ ᠲᠡᠭᠡᠭᠡᠳ ᠠᠢᠯ ᠤ᠋ᠨ ᠬᠢᠵᠦ ᠪᠠᠷᠠᠭᠳᠠᠳᠠᠭ ᠦᠭᠡᠢ ᠠᠵᠢᠯ ᠢ᠋ᠶ᠋ᠠᠷ ᠬᠥᠭᠡᠭᠡᠴᠡᠯᠳᠦᠭᠰᠡᠭᠡᠷ ᠡᠳᠦᠷ ᠬᠣᠨᠣᠭ ᠲᠦᠯᠬᠢᠨ ᠥᠩᠭᠡᠷᠡᠭᠦᠯᠬᠦ ᠪᠣᠯᠵᠠᠢ᠃ ᠴᠡᠷᠡᠨ ᠬᠣᠨᠢᠨ ᠳ᠋ᠤ᠌ ᠶᠠᠪᠤᠳᠠᠭ ᠪᠠᠢᠵᠤ᠂ ᠰᠢᠷᠴᠢᠨ ᠠᠳᠤᠭᠤ ᠲᠡᠮᠡᠭᠡ ᠬᠠᠷᠢᠭᠤᠯᠬᠤ ᠠᠵᠢᠯ ᠬᠢᠵᠦ᠂ ᠣᠷᠣᠢ ᠨᠢ ᠬᠥᠮᠦᠨ ᠦ᠌ ᠭᠡᠷ ᠲᠦ᠍ ᠭᠠᠯ ᠤ᠋ᠨ ᠬᠣᠶᠠᠷ ᠲᠠᠯ᠎ᠠ ᠳ᠋ᠤ᠌ ᠡᠭᠦᠳᠡᠨ ᠲᠤᠰᠢᠶ᠎ᠠ ᠵᠠᠷᠤᠴᠠ ᠨᠠᠷ ᠤ᠋ᠨ ᠰᠠᠭᠤᠳᠠᠭ ᠭᠠᠵᠠᠷ ᠰᠠᠭᠤᠭᠠᠳ᠂ ᠭᠡᠷ ᠦ᠋ᠨ ᠡᠵᠡᠨ ᠦ᠌ ᠳᠡᠷᠭᠡᠳᠡ᠂ ᠬᠣᠶᠠᠭᠤᠯᠠ ᠪᠣᠳᠣᠭᠰᠠᠨ ᠢ᠋ᠶ᠋ᠠᠨ ᠪᠡᠶ᠎ᠡ ᠪᠡᠶ᠎ᠡ ᠳ᠋ᠡᠭᠡᠨ(ᠳ᠋ᠦ᠍ ᠪᠡᠨ) ᠭᠠᠭᠴᠠ ᠦᠭᠡ ᠪᠡᠷ ᠴᠦ᠍ ᠠᠶᠤᠮᠰᠢᠭ ᠦᠭᠡᠢ ᠨᠡᠪᠲᠡᠷᠡᠭᠦᠯᠵᠦ ᠴᠢᠳᠠᠬᠤ ᠦᠭᠡᠢ᠂ ᠪᠣᠳᠣᠭᠰᠠᠨ ᠰᠠᠨᠠᠭᠰᠠᠨ᠂ ᠪᠡᠶ᠎ᠡ ᠪᠡᠶ᠎ᠡ ᠪᠡᠨ ᠦᠷᠦ ᠡᠪᠡᠳᠦᠨ ᠬᠠᠢᠷᠠᠯᠠᠭᠰᠠᠨ ᠢ᠋ᠶ᠋ᠠᠨ ᠴᠡᠭᠡᠵᠢᠨ ᠳ᠋ᠡᠭᠡᠨ( ᠳ᠋ᠦ᠍ ᠪᠡᠨ) ᠬᠠᠳᠠᠭᠠᠯᠠᠵᠤ ᠰᠠᠭᠤᠬᠤ ᠠ᠋ᠴᠠ ᠥᠭᠡᠷ᠎ᠡ ᠠᠷᠭ᠎ᠠ ᠦᠭᠡᠢ ᠠᠵᠢ᠃ ᠬᠥᠮᠦᠨ ᠦ᠌ ᠬᠣᠨᠢ ᠠᠳᠤᠭᠤ ᠬᠠᠷᠢᠭᠤᠯᠵᠤ ᠬᠣᠨᠢᠨ ᠤ᠋ ᠬᠡᠦᠬᠡᠨ᠂ ᠠᠳᠤᠭᠤᠨ ᠤ᠋ ᠬᠦᠦ ᠪᠣᠯᠵᠤ᠂ ᠨᠢᠭᠡ ᠨᠠᠰᠤ ᠪᠠᠷ ᠬᠥᠮᠦᠨ ᠦ᠌ ᠬᠣᠭᠣᠯᠠᠨ ᠤ᠋ ᠰᠢᠪᠬᠠᠷᠤᠤ ᠢᠳᠡᠵᠦ ᠶᠠᠪᠤᠬᠤ ᠠ᠋ᠴᠠ ᠥᠭᠡᠷ᠎ᠡ ᠵᠠᠮ ᠮᠥᠷ ᠦᠭᠡᠢ ᠶᠦᠮ ᠰᠢᠭ ᠰᠠᠨᠠᠭᠳᠠᠪᠠ᠃ ᠲᠡᠭᠡᠭᠡᠳ ᠰᠢᠷᠴᠢᠨ ᠬᠡᠳᠦᠢᠨ ᠥᠨᠥᠬᠢ ᠬᠣᠪᠳᠣᠭ ᠬᠣᠮᠣᠬᠠᠢ ᠠᠬ᠎ᠠ ᠶ᠋ᠢᠨ ᠳ᠋ᠡᠭᠡᠨ(ᠳ᠋ᠦ᠍ ᠪᠡᠨ)ᠵᠠᠷᠤᠴᠠᠯᠠᠭᠳᠠᠵᠤ ᠶᠠᠪᠤᠬᠤ ᠦᠶ᠎ᠡ ᠳ᠋ᠦ᠍᠂ ᠨᠢᠭᠡ ᠪᠠᠳᠢᠷᠴᠢᠨ ᠲᠠᠢ ᠠᠭᠤᠯᠵᠠᠭᠰᠠᠨ ᠢ᠋ᠶ᠋ᠠᠨ ᠰᠠᠨᠠᠯ᠎ᠠ᠃ 
       ᠵᠤᠨ ᠤ᠋ ᠬᠠᠯᠠᠭᠤᠨ ᠡᠳᠦᠷ ᠬᠤᠳᠳᠤᠭ ᠠ᠋ᠴᠠ ᠬᠣᠪᠣᠭᠣ ᠪᠠᠷ ᠤᠰᠤ ᠤᠤᠭᠤᠵᠤ ᠦᠢᠯᠡ ᠪᠡᠨ ᠦᠵᠡᠵᠦ᠂ ᠦᠰᠦ ᠪᠡᠨ ᠲᠣᠭᠠᠯᠠᠵᠤ ᠪᠠᠢᠬᠤ ᠳ᠋ᠤᠨᠢ (ᠳ᠋ᠤ᠌ ᠨᠢ)᠂ ᠲᠡᠷᠡ ᠬᠤᠳᠳᠤᠭ ᠤ᠋ᠨ ᠣᠢᠷ᠎ᠠ ᠴᠠᠢ ᠴᠢᠨᠠᠵᠤ ᠰᠠᠭᠤᠭᠰᠠᠨ ᠨᠢᠭᠡ ᠪᠠᠳᠢᠷᠴᠢᠨ ᠰᠢᠷᠴᠢᠨ ᠢ᠋ ᠬᠠᠷᠠᠵᠤ ᠬᠠᠷᠠᠵᠤ᠄ 
       — ᠶᠧ ᠳᠡ᠂ ᠭᠣᠪᠢ ᠳ᠋ᠤ᠌ ᠠᠢᠯ ᠤ᠋ᠨ ᠵᠠᠷᠤᠴᠠ ᠪᠣᠯᠵᠤ ᠲᠥᠷᠥᠭᠰᠡᠨ ᠡᠴᠡ ᠬᠠᠩᠭᠠᠢ ᠳ᠋ᠤ᠌ ᠪᠤᠬ᠎ᠠ ᠪᠣᠯᠵᠤ ᠲᠥᠷᠥᠭᠰᠡᠨ ᠨᠢ ᠳᠡᠭᠡᠷ᠎ᠡ ᠶᠦᠮ ᠰᠢᠪ ᠳᠡ ᠭᠡᠵᠦ ᠬᠡᠯᠡᠵᠦ ᠪᠢᠯᠡ᠃ 
       ᠪᠠᠳᠢᠷᠴᠢ ᠶ᠋ᠢᠨ ᠲᠡᠷᠡ ᠶᠣᠵᠣᠲᠠᠢ ᠬᠣᠱᠣᠩ ᠦᠭᠡ ᠶ᠋ᠢ ᠰᠠᠨᠠᠭᠠᠳ᠂ ᠰᠢᠷᠴᠢᠨ ᠦᠭᠡᠢ ᠶᠡᠷᠦᠨᠢ(ᠶᠡᠷᠦ ᠨᠢ) ᠢᠩᠭᠢᠵᠦ ᠠᠢᠯ ᠳ᠋ᠤ᠌ ᠨᠢᠭᠡ ᠨᠠᠰᠤ ᠪᠠᠷ ᠵᠠᠷᠤᠭᠳᠠᠵᠤ ᠪᠠᠢᠭᠰᠠᠨ ᠠ᠋ᠴᠠ ᠳᠠᠬᠢᠨ ᠴᠡᠷᠢᠭ ᠲᠦ᠍ ᠮᠣᠷᠳᠠᠵᠤ᠂ ᠪᠠᠰᠠ ᠨᠢᠭᠡ ᠠᠵᠠ ᠪᠠᠨ ᠲᠤᠷᠰᠢᠪᠠᠯ ᠶᠠᠭᠠᠬᠢᠳᠠᠭ ᠪᠣᠯ? ᠮᠠᠨ ᠤ᠋ ᠬᠣᠰᠢᠭᠤ ᠲᠠᠮᠠᠭ᠎ᠠ ᠶ᠋ᠢᠨ ᠭᠠᠵᠠᠷ ᠠ᠋ᠴᠠ ᠳᠠᠬᠢᠨ ᠴᠡᠷᠢᠭ ᠲᠠᠲᠠᠵᠤ᠂ ᠬᠦᠷᠢᠶᠡᠨ ᠦ᠌ ᠬᠤᠵᠢᠷᠪᠤᠯᠤᠩ ᠳ᠋ᠤ᠌ ᠴᠡᠷᠢᠭ ᠦ᠋ᠨ ᠰᠤᠷᠭᠠᠭᠤᠯᠢ ᠳ᠋ᠤ᠌ ᠶᠠᠪᠤᠭᠤᠯᠬᠤ ᠭᠡᠵᠦ ᠪᠠᠢᠭ᠎ᠠ᠂ ᠲᠡᠭᠦᠨ ᠢ᠋ ᠦᠵᠡᠭᠡᠳ ᠠᠯᠳᠠᠪᠠᠯ ᠶᠠᠭᠠᠬᠢᠳᠠᠭ ᠪᠣᠯ? ᠠᠢᠯ ᠳ᠋ᠤ᠌ ᠵᠠᠷᠤᠭᠳᠠᠬᠤ ᠠ᠋ᠴᠠ ᠶᠡᠷᠦ ᠳᠣᠷᠣᠳᠠᠬᠤ ᠦᠭᠡᠢ ᠪᠠᠢᠯ ᠦᠭᠡᠢ ᠳᠡ ᠭᠡᠵᠦ ᠪᠣᠳᠣᠭᠠᠳ ᠴᠡᠷᠡᠨ ᠳ᠋ᠦ᠍ ᠪᠣᠳᠣᠭᠰᠠᠨ ᠢ᠋ᠶ᠋ᠠᠨ ᠬᠡᠯᠡᠵᠦ ᠶᠠᠭᠠᠬᠢᠪᠠᠯ ᠳᠡᠭᠡᠷ᠎ᠡ ᠪᠣᠢ? ᠴᠢ ᠮᠢᠨᠢ ᠶᠠᠭᠤ ᠭᠡᠵᠦ ᠪᠣᠳᠣᠵᠤ ᠪᠠᠢᠨ᠎ᠠ ᠭᠡᠵᠦ ᠵᠥᠪᠯᠡᠯᠳᠦᠨ ᠶᠠᠷᠢᠬᠤ ᠳ᠋ᠤ᠌᠂ ᠴᠡᠷᠡᠨ ᠲᠡᠭᠦᠨ ᠦ᠌ ᠦᠭᠡ ᠶ᠋ᠢ ᠭᠤᠨᠢᠨ ᠰᠣᠨᠣᠰᠴᠤ ᠨᠠᠮ ᠳᠠᠭᠤᠨ ᠢ᠋ᠶ᠋ᠠᠷ ᠥᠭᠦᠯᠡᠷᠦᠨ᠂ 
       — ᠪᠢ ᠶᠠᠭᠠᠬᠢᠵᠤ ᠴᠢᠮᠠᠶ᠋ᠢ (ᠴᠢᠮ᠎ᠠ ᠶ᠋ᠢ)ᠮᠢᠨᠦ ᠬᠣᠷᠮᠣᠢ ᠠ᠋ᠴᠠ ᠪᠢᠲᠡᠭᠡᠢ ᠬᠣᠯᠠᠳᠠ(ᠬᠣᠯᠠᠳ) ᠭᠡᠵᠦ ᠬᠡᠯᠡᠬᠦ ᠪᠣᠢ ᠳᠠ? ᠡᠷ᠎ᠡ ᠬᠥᠮᠦᠨ ᠢ᠋ ᠶᠠᠪᠤᠭᠤᠯᠤᠨ ᠬᠡᠯᠡᠵᠦ᠂ ᠡᠮ᠎ᠡ ᠬᠥᠮᠦᠨ ᠢ᠋ ᠬᠣᠷᠢᠭᠯᠠᠨ ᠬᠡᠯᠡᠬᠦ ᠶᠣᠰᠣᠲᠠᠢ ᠭᠡᠳᠡᠭ᠃ ᠨᠢᠭᠡ ᠨᠠᠰᠤ ᠪᠠᠷ ᠢ᠋ᠶ᠋ᠠᠨ ᠠᠢᠯ ᠳ᠋ᠤ᠌ ᠵᠠᠷᠤᠭᠳᠠᠵᠤ ᠶᠠᠪᠤᠬᠤ ᠭᠡᠳᠡᠭ ᠠᠮᠤᠷ ᠦᠭᠡᠢ ᠬᠡᠷᠡᠭ ᠭᠡᠳᠡᠭ ᠢ᠋ ᠪᠢ ᠮᠠᠲᠠᠯ ᠦᠭᠡᠢ ᠶᠠᠭᠠᠬᠢᠬᠤ ᠪᠣᠢ᠃ ᠬᠥᠭᠡᠷᠦᠬᠦᠢ ᠮᠢᠨᠢ᠂ ᠬᠣᠩᠭᠣᠷ ᠮᠢᠨᠢ᠂ ᠶᠠᠪᠤᠵᠤ ᠦᠵᠡ ᠳᠡ᠃ ᠠᠵᠠ ᠲᠠᠢ ᠵᠠᠶᠠᠭ᠎ᠠ ᠲᠠᠢ ᠪᠤᠴᠠᠵᠤ ᠢᠷᠡᠬᠦ ᠴᠢᠨᠢ ᠪᠣᠯᠲᠤᠭᠠᠢ᠃ ᠪᠢ ᠴᠢᠮ᠎ᠠ ᠶᠤᠭᠠᠨ ᠭᠡᠭᠡᠬᠡᠨ ᠡᠳᠦᠷ ᠴᠡᠭᠡᠵᠢᠨ ᠳ᠋ᠡᠭᠡᠨ( ᠳ᠋ᠦ᠍ ᠪᠡᠨ)᠂ ᠬᠠᠷᠠᠩᠭᠤᠢ ᠰᠥᠨᠢ ᠵᠡᠭᠦᠳᠦᠨ ᠳ᠋ᠡᠭᠡᠨ ( ᠳ᠋ᠦ᠍ ᠪᠡᠨ) ᠳᠤᠷᠠᠰᠴᠤ ᠶᠠᠪᠤᠨ᠎ᠠ ᠭᠡᠵᠦ ᠬᠡᠯᠡᠪᠡ᠃  


— — — —    
* ᠬᠥᠬᠡ ᠳᠠᠯᠠᠢ ᠳ᠋ᠤ᠌ ᠮᠥᠷᠡᠨ ᠴᠢᠳᠬᠤᠭᠠᠳ ᠭᠠᠷᠳᠠᠭ ᠦᠭᠡᠢ 
  ᠬᠥᠮᠦᠨ ᠦ᠌ ᠬᠦᠦ ᠬᠤᠪᠢ ᠵᠠᠶᠠᠭ᠎ᠠ ᠪᠠᠨ ᠡᠷᠢᠭᠡᠳ ᠣᠯᠳᠠᠭ ᠦᠭᠡᠢ᠃     
                           ᠲ· ᠱᠸᠪᠴᠸᠠᠺᠦ  

          ᠦᠰᠦᠭ ᠠᠮᠢᠯᠠᠭᠤᠯᠤᠭᠴᠢ᠄ ᠣᠢᠭᠣᠷᠵᠨ·ᠣᠳᠬᠣᠨᠪᠠᠪᠠ᠂ ᠣᠶᠤᠨᠪᠠᠲᠤ᠂ ᠮᠧᠢ ᠬᠤᠸᠠ᠂ ᠣᠶᠤᠨᠪᠢᠯᠢᠭ᠌᠂ ᠰᠠᠷᠠᠨᠲᠤᠶᠠᠭ᠎ᠠ 
             ᠬᠢᠨᠠᠭᠴᠢ᠄ ᠣᠳᠬᠣᠨᠴᠡᠴᠡᠭ᠂ ᠮᠥᠩᠭᠥᠨᠭᠣᠸ᠎ᠠ᠂ ᠪᠠᠯ   
                   ᠤᠩᠰᠢᠭᠴᠢ᠄ ᠨᠠᠰᠤᠨ᠌ᠦ᠌ᠯᠵᠡᠢ