ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠠᠷᠪᠠᠨ ᠨᠢᠭᠡ Үүрийн туяа II – Б ᠂ Ренчин Хоёрдугаар дэвтэр "Гал усны гашуун зовлон"-11
ᠠᠷᠪᠠᠨ ᠨᠢᠭᠡ᠂ ᠬᠤᠵᠢᠷᠪᠤᠯᠤᠩ ᠤ᠋ᠨ ᠬᠤᠸᠠᠷᠠᠨ ᠳ᠋ᠤ᠌
ᠬᠤᠪᠢ ᠵᠠᠶᠠᠭ᠎ᠠ ᠪᠠᠢᠳᠠᠭ ᠯᠠ ᠶᠤᠮ ᠭᠡᠨ᠎ᠡ ᠪᠢᠯᠡ᠃
ᠬᠠᠮᠢᠭ᠎ᠠ ᠪᠠᠢᠳᠠᠭ ᠢ᠋ ᠨᠢ ᠬᠡᠨ ᠮᠡᠳᠡᠳᠡᠭ ᠪᠣᠯ?
ᠡᠷᠬᠡ ᠴᠢᠯᠥᠭᠡ ᠪᠠᠢᠳᠠᠭ ᠯᠠ ᠶᠤᠮ ᠭᠡᠨ᠎ᠡ ᠪᠢᠯᠡ᠃
ᠬᠡᠨ ᠳ᠋ᠦ᠍ᠨᠢ( ᠳ᠋ᠦ᠍ ᠨᠢ) ᠪᠠᠢᠳᠠᠭ ᠢ᠋ ᠬᠡᠨ ᠮᠡᠳᠡᠳᠡᠭ ᠪᠣᠯ?
ᠱᠧᠪᠴᠧᠨᠺᠦ
ᠰᠢᠷᠴᠢᠨ᠂ ᠤᠲᠤᠭᠠᠨ ᠳ᠋ᠤ᠌ ᠨᠢᠳᠦ ᠬᠣᠷᠣᠰᠤᠨ ᠠᠨᠢᠰ ᠠᠨᠢᠰ ᠬᠢᠵᠦ᠂ ᠤᠷᠲᠤ ᠮᠣᠳᠣᠨ ᠡᠰᠢ ᠲᠡᠢ ᠲᠡᠮᠦᠷ ᠬᠦᠷᠵᠢ ᠪᠠᠷᠢᠭᠠᠳ᠂ ᠭᠠᠵᠠᠷ ᠵᠣᠭᠣᠭᠣᠭᠰᠠᠨ ᠲᠣᠮᠣ ᠭᠡᠭᠴᠢ ᠶ᠋ᠢᠨ ᠲᠣᠭᠣᠭᠠᠨ ᠳ᠋ᠤ᠌ ᠤᠰᠤ᠂ ᠪᠤᠳᠠᠭ᠎ᠠ᠂ ᠡᠯᠵᠢᠭᠡᠨ ᠦ᠌ ᠮᠢᠬ᠎ᠠ ᠬᠣᠯᠢᠭᠰᠠᠨ ᠪᠠᠨᠲᠠᠩ ᠢ᠋ ᠨᠡᠯᠢᠶᠡᠳ ᠶᠠᠳᠠᠷᠠᠭᠰᠠᠨ ᠪᠠᠢᠳᠠᠯ ᠲᠠᠢ ᠬᠤᠳᠬᠤᠵᠤ ᠪᠠᠢᠯ᠎ᠠ᠃ ᠲᠡᠷᠡ ᠥᠷᠯᠥᠭᠡ ᠰᠤᠷᠭᠠᠭᠤᠯᠢ ᠬᠢᠵᠦ ᠪᠠᠢᠭᠠᠳ ᠮᠣᠳᠣᠨ ᠮᠣᠷᠢ ᠬᠠᠷᠠᠢᠬᠤ ᠭᠡᠵᠦ ᠬᠠᠯᠲᠤᠷᠢᠵᠤ ᠣᠢᠴᠢᠭᠠᠳ᠂ ᠨᠢᠭᠡᠳᠦᠭᠡᠷ ᠰᠤᠮᠤᠨ ᠢ᠋ ᠰᠤᠷᠭᠠᠭᠤᠯᠢ ᠬᠢᠵᠦ ᠭᠦᠢᠴᠡᠲᠡᠯ᠎ᠡ ᠭᠠᠷ ᠲᠠᠭᠠᠨ ( ᠲᠤ ᠪᠠᠨ) ᠴᠢᠯᠠᠭᠤ ᠠᠳᠬᠤᠵᠤ ᠨᠣᠮᠣᠬᠠᠨ ᠵᠣᠭᠰᠣᠬᠤ ᠰᠢᠳᠬᠡᠯ(ᠰᠢᠢᠳᠬᠡᠯ) ᠬᠦᠯᠢᠶᠡᠵᠦ᠂ ᠪᠠᠰᠠ ᠲᠡᠷᠡ ᠡᠳᠦᠷ ᠪᠠᠩᠵᠠᠳᠠᠭᠤᠯᠤᠭᠰᠠᠨ (ᠪᠠᠨᠰᠠᠳᠠᠭᠤᠯᠤᠭᠰᠠᠨ) ᠲᠤᠰᠠᠯᠠᠬᠤ ᠲᠣᠭᠣᠭᠠᠴᠢ ᠶ᠋ᠢᠨ ᠣᠷᠣᠨ ᠳ᠋ᠤ᠌ ᠲᠣᠭᠣᠭᠠᠨ ᠤ᠋ ᠭᠠᠵᠠᠷ ᠴᠡᠷᠢᠭ ᠦ᠋ᠨ ᠨᠢᠭᠡ ᠡᠳᠦᠷ ᠦ᠋ᠨ ᠬᠣᠭᠣᠯᠠ ᠬᠢᠬᠦ ᠪᠡᠷ ᠰᠢᠳᠬᠡᠭᠦᠯᠦᠭᠰᠡᠨ(ᠰᠢᠢᠳᠬᠡᠭᠦᠯᠦᠭᠰᠡᠨ) ᠪᠠᠢᠵᠠᠢ᠃
ᠡᠪᠦᠭᠡᠨ ᠭᠠᠯᠴᠢ᠂ ᠰᠢᠷᠴᠢᠨ ᠦ᠌ ᠵᠠᠯᠬᠠᠭᠤᠷᠠᠨ ᠬᠤᠳᠬᠤᠵᠤ ᠪᠠᠢᠬᠤ ᠶ᠋ᠢ ᠬᠠᠷᠠᠭᠠᠳ᠂ ᠥᠨᠥᠳᠥᠷ ᠦ᠋ᠨ ᠬᠣᠭᠣᠯᠠᠨ ᠳ᠋ᠤ᠌ ᠥᠴᠥᠭᠡᠳᠦᠷ ᠦ᠋ᠨ ᠢᠮᠠᠭᠠᠨ ᠤ᠋ ᠵᠣᠪᠠᠯᠭ᠎ᠠ ᠶ᠋ᠢ ᠪᠣᠳᠣᠪᠠᠯ ᠡᠯᠵᠢᠭᠡ ᠶ᠋ᠢᠨ ᠮᠢᠬ᠎ᠠ ᠪᠣᠯᠪᠠᠴᠤ ᠨᠡᠯᠢᠶᠡᠳ ᠲᠠᠷᠭᠤᠨ ᠮᠢᠬ᠎ᠠ ᠢᠷᠡᠵᠡᠢ᠃ ᠴᠢ ᠰᠠᠢᠨ ᠬᠤᠳᠬᠤᠭᠠᠳ ᠪᠠᠢ᠃ ᠢᠷᠣᠭᠠᠷ ᠲᠤ᠌ ᠨᠢ ᠪᠤᠳᠠᠭ᠎ᠠ ᠲᠦᠯᠡᠭᠳᠡᠬᠦ ᠪᠣᠢ᠃ ᠴᠢᠨᠦ ᠡᠨᠡ ᠬᠣᠭᠣᠯᠠ ᠶ᠋ᠢ ᠳᠠᠷᠤᠭ᠎ᠠ ᠨᠠᠷ ᠢᠳᠡᠬᠦ ᠦᠭᠡᠢ᠂ ᠬᠥᠭᠡᠷᠦᠬᠦᠢ ᠴᠡᠷᠢᠭ ᠮᠠᠨᠢ ᠢᠳᠡᠬᠦ ᠶᠦᠮ ᠭᠡᠳᠡᠭ ᠢ᠋ ᠪᠣᠳᠣᠵᠤ ᠬᠢᠴᠢᠶᠡᠵᠦ ᠦᠵᠡᠭᠡᠴᠢ ᠭᠡᠵᠦ ᠬᠡᠯᠡᠭᠡᠳ᠂ ᠲᠣᠭᠣᠭᠠᠴᠢ ᠶ᠋ᠢᠨ ᠭᠡᠷ ᠡᠴᠡ ᠵᠡᠷᠯᠢᠭ ᠰᠣᠩᠭᠢᠨ᠎ᠠ ᠲᠠᠢ᠂ ᠲᠠᠷᠭᠤᠨ ᠬᠣᠨᠢᠨ ᠤ᠋ ᠮᠢᠬ᠎ᠠ ᠲᠠᠢ ᠰᠠᠢᠬᠠᠨ ᠭᠡᠭᠴᠢ ᠶ᠋ᠢᠨ ᠬᠠᠷ᠎ᠠ ᠱᠥᠯᠥ ᠶ᠋ᠢᠨ ᠬᠣᠷᠣᠬᠠᠢ ᠬᠦᠷᠦᠮᠡᠷ ᠦᠨᠦᠷ ᠬᠠᠩᠬᠤᠯᠬᠤ ᠳ᠋ᠤ᠌ ᠰᠢᠩᠰᠢᠯᠡᠵᠦ᠂ ᠲᠡᠷᠡ ᠳᠠᠷᠤᠭ᠎ᠠ ᠨᠠᠷ ᠤ᠋ᠨ ᠱᠥᠯᠥ ᠡᠴᠡ ᠭᠠᠭᠴᠠ ᠠᠶᠠᠭ᠎ᠠ ᠴᠤ᠌ ᠣᠯᠵᠤ ᠤᠤᠭᠤᠳᠠᠭ ᠪᠣᠯ ᠶᠠᠭᠤ ᠪᠢᠯᠡ ᠭᠡᠵᠦ ᠰᠠᠨᠠᠭ᠎ᠠ ᠠᠯᠳᠠᠵᠠᠢ᠃
ᠲᠡᠷᠡ ᠡᠪᠦᠭᠡᠨ ᠭᠠᠯᠴᠢ᠂ ᠤᠤᠯ ᠠ᠋ᠴᠠ ᠭᠠᠭᠴᠠ ᠪᠡᠶ᠎ᠡ ᠬᠥᠮᠦᠨ ᠪᠠᠢᠵᠤ᠂ ᠬᠣᠰᠢᠭᠤ ᠠ᠋ᠴᠠ ᠴᠡᠷᠢᠭ ᠦ᠋ᠨ ᠠᠯᠪᠠᠨ ᠳ᠋ᠤ᠌ ᠳᠠᠢᠴᠢᠯᠠᠨ ᠶᠠᠪᠤᠭᠤᠯᠤᠭᠰᠠᠨ ᠢ᠋ ᠵᠢᠭᠰᠠᠭᠠᠯ ᠤ᠋ᠨ ᠠᠯᠪᠠᠨ ᠳ᠋ᠤ᠌ ᠲᠡᠩᠴᠡᠬᠦ ᠦᠭᠡᠢ ᠤᠴᠢᠷ ᠭᠠᠯᠴᠢ ᠪᠣᠯᠭᠠᠵᠤ ᠬᠡᠳᠦᠨ ᠤᠨᠠᠯᠤᠭᠤᠳᠠ ᠳ᠋ᠠᠭᠠᠨ ᠬᠦᠷᠦᠭᠰᠡᠨ ᠡᠪᠦᠭᠡᠨ ᠴᠡᠷᠢᠭ ᠦ᠋ᠨ ᠬᠠᠮᠲᠤ ᠪᠠᠷ ᠴᠡᠷᠢᠭ ᠦ᠋ᠨ ᠭᠠᠯ ᠲᠣᠭᠣᠭᠠᠨ ᠤ᠋ ᠭᠠᠵᠠᠷ ᠡᠯᠵᠢᠭᠡ ᠢᠮᠠᠭ᠎ᠠ ᠨᠢᠲᠤᠯᠬᠤ᠂ ᠠᠷᠠᠰᠤ ᠰᠢᠷᠢ ᠶ᠋ᠢ ᠨᠢ ᠥᠪᠴᠢᠬᠦ᠂ ᠮᠢᠬ᠎ᠠ ᠶ᠋ᠢ ᠨᠢ ᠡᠪᠳᠡᠬᠦ ᠵᠡᠷᠭᠡ ᠬᠠᠷ᠎ᠠ ᠠᠵᠢᠯ ᠬᠢᠵᠦ᠂ ᠬᠢᠲᠤᠭ᠎ᠠ ᠪᠠᠷᠢᠬᠤ ᠳ᠋ᠠᠭᠠᠨ ᠶᠠᠮᠠᠷ ᠴᠤ᠌ ᠮᠡᠰᠡ ᠶ᠋ᠢᠨ ᠵᠠᠰᠠᠯᠴᠢ ᠠ᠋ᠴᠠ ᠳᠠᠪᠠᠭᠤ᠂ ᠶᠡᠬᠡᠯ᠎ᠡ(ᠶᠡᠬᠡ ᠯᠡ) ᠳᠦᠢᠲᠡᠢ ᠴᠡᠪᠡᠷ ᠰᠠᠢᠬᠠᠨ ᠠᠵᠢᠯᠯᠠᠳᠠᠭ ᠡᠪᠦᠭᠡᠨ ᠪᠠᠢᠵᠠᠢ᠃
— ᠴᠢ ᠪᠢᠲᠡᠭᠡᠢ ᠵᠠᠯᠬᠠᠭᠤᠷᠠᠭᠠᠳ ᠪᠠᠢ᠃ ᠨᠥᠬᠥᠳ ᠦ᠋ᠨ ᠢ᠋ᠶ᠋ᠡᠨ ᠬᠣᠭᠣᠯᠠ ᠬᠢᠵᠦ ᠪᠠᠢᠭ᠎ᠠ ᠶ᠋ᠢ ᠪᠣᠳᠣᠵᠤ ᠬᠥᠳᠡᠯ᠃ᠨᠢᠭᠡ ᠡᠳᠦᠷ ᠦ᠋ᠨ ᠬᠣᠭᠣᠯᠠ ᠬᠢᠬᠦ ᠶᠠᠯ᠎ᠠ ᠰᠢᠳᠬᠡᠭᠦᠯᠬᠦ(ᠰᠢᠢᠳᠬᠡᠭᠦᠯᠬᠦ) ᠴᠢᠨᠢ ᠭᠠᠢ ᠦᠭᠡᠢ ᠬᠡᠷᠡᠭ᠃ ᠪᠢ ᠶᠠᠯ᠎ᠠ ᠰᠢᠳᠭᠡᠭᠦᠯᠦᠯ(ᠰᠢᠢ᠍ᠳᠬᠡᠭᠦᠯᠦᠯ) ᠦᠭᠡᠢ ᠪᠡᠷ ᠡᠳᠦᠷ ᠪᠦᠷᠢ ᠴᠢᠨᠦ ᠡᠨᠡ ᠠᠵᠢᠯ ᠢ᠋ ᠴᠢᠨᠢ ᠬᠢᠵᠦ᠂ ᠪᠠᠰᠠ ᠲᠤᠷᠠᠵᠤ ᠦᠬᠦᠬᠦ ᠳ᠋ᠡᠭᠡᠨ ᠰᠢᠬᠠᠭᠰᠠᠨ ᠮᠠᠭᠤ ᠰᠠᠢᠨ ᠢᠮᠠᠭ᠎ᠠ ᠨᠢᠲᠤᠯᠬᠤ᠂ ᠮᠥᠰᠥ ᠵᠥᠭᠡᠭᠡᠬᠦ ᠠᠵᠢᠯ ᠬᠢᠵᠦ᠂ ᠴᠡᠷᠢᠭ ᠦ᠋ᠨ ᠠᠯᠪᠠ ᠬᠠᠭᠠᠵᠤ ᠪᠠᠢᠨ᠎ᠠ ᠰᠢᠦ ᠳᠡ᠃ ᠬᠠᠷᠠᠴᠤ ᠠᠯᠪᠠᠲᠤ ᠪᠢᠳᠡ᠂ ᠡᠢᠮᠦ ᠯᠡ ᠬᠤᠪᠢ ᠲᠠᠢ ᠤᠯᠤᠰ ᠳᠠ᠃ ᠶᠠᠭᠠᠬᠢᠶ᠎ᠠ ᠭᠡᠬᠦ ᠪᠣᠢ᠃ ᠰᠠᠩ ᠠ᠋ᠴᠠ ᠴᠡᠷᠢᠭ ᠦ᠋ᠨ ᠬᠡᠷᠡᠭᠯᠡᠯ ᠳ᠋ᠦ᠍ ᠪᠠᠭᠤᠳᠠᠭ ᠮᠥᠩᠭᠥ ᠵᠠᠷᠤᠳᠠᠯ ᠪᠠᠭ᠎ᠠ᠃ ᠪᠠᠭᠤᠭᠰᠠᠨ ᠮᠥᠩᠭᠥ ᠨᠢ ᠮᠠᠨᠠᠢ ᠲᠣᠭᠣᠭᠠᠨ ᠳ᠋ᠤ᠌ ᠬᠦᠷᠲᠡᠯ᠎ᠡ ᠣᠯᠠᠨ ᠭᠠᠷ ᠳᠠᠮᠵᠢᠭᠰᠠᠭᠠᠷ ᠢᠮᠠᠭᠠᠨ ᠤ᠋ ᠵᠣᠪᠠᠯᠭ᠎ᠠ᠂ ᠡᠯᠵᠢᠭᠡᠨ ᠦ᠌ ᠮᠢᠬ᠎ᠠ ᠠ᠋ᠴᠠ ᠳᠡᠭᠡᠷ᠎ᠡ ᠮᠢᠬ᠎ᠠ ᠠᠪᠬᠤ ᠶᠠᠭᠤᠮ᠎ᠠ ᠦᠯᠡᠳᠡᠬᠦ ᠦᠭᠡᠢ ᠶᠦᠮ ᠰᠢᠪ ᠳᠡ ᠭᠡᠵᠦ ᠲᠡᠷᠡ ᠡᠪᠦᠭᠡᠨ ᠭᠠᠰᠢᠭᠤᠳᠠᠨ ᠰᠡᠭᠦᠷᠡᠰᠦ ᠠᠯᠳᠠᠵᠤ᠂ ᠵᠠ ᠨᠠᠭᠠᠳᠤ ᠬᠣᠭᠣᠯᠠ ᠴᠢᠨᠢ ᠪᠤᠳᠠᠭ᠎ᠠ ᠨᠢ ᠯᠡ ᠪᠣᠯᠤᠭᠰᠠᠨ ᠪᠣᠯ ᠪᠣᠯᠤᠭᠰᠠᠨ ᠪᠠᠢᠬ᠎ᠠ ᠭᠡᠬᠦ ᠳ᠋ᠦ᠍ᠨᠢ᠂ ᠨᠥᠭᠦᠭᠡ ᠬᠡᠳᠦᠨ ᠡᠪᠦᠭᠡᠨ ᠭᠠᠯᠴᠢ ᠬᠡᠳᠦᠨ ᠲᠣᠮᠣ ᠲᠣᠭᠣᠭᠠᠨ ᠤ᠋ ᠳᠣᠣᠷ᠎ᠠ ᠠ᠋ᠴᠠ ᠴᠣᠭ ᠢ᠋ ᠭᠠᠳᠠᠭᠰᠢ ᠨᠢ ᠭᠠᠷᠭᠠᠵᠤ᠂
— ᠵᠠ᠂ ᠮᠠᠨᠠᠢ ᠬᠡᠳᠦᠨ ᠲᠣᠭᠣᠭᠠᠨ ᠤ᠋ ᠬᠣᠭᠣᠯᠠ ᠴᠤ᠌ ᠪᠠᠰᠠ ᠪᠣᠯᠵᠠᠢ᠃ ᠰᠢᠷᠴᠢᠨ ᠴᠢ ᠵᠠᠯᠠᠭᠤ ᠪᠠᠷ ᠢ᠋ᠶ᠋ᠠᠨ ᠣᠴᠢᠵᠤ᠂ ᠠᠬᠠᠯᠠᠬᠤ ᠲᠣᠭᠣᠭᠠᠴᠢ ᠳ᠋ᠤ᠌ ᠬᠣᠭᠣᠯᠠ ᠪᠣᠯᠤᠭᠰᠠᠨ ᠭᠡᠵᠦ ᠬᠡᠯᠡᠭᠡᠳ ᠢᠷ᠎ᠡ ᠭᠡᠬᠦ ᠳ᠋ᠦ᠍ᠨᠢ ᠤᠯᠠ ᠨᠢ ᠬᠠᠨᠵᠠᠷᠠᠵᠤ᠂ ᠰᠤᠷ ᠳᠡᠭᠡᠰᠦ ᠪᠡᠷ ᠣᠷᠢᠶᠠᠭᠰᠠᠨ ᠮᠠᠢᠵᠢᠭᠢ ᠭᠤᠲᠤᠯ ᠢ᠋ᠶ᠋ᠠᠨ ᠴᠢᠷᠴᠦ ᠠᠯᠴᠠᠭᠠᠨᠠᠨ ᠠᠯᠬᠤᠭᠰᠠᠭᠠᠷ᠂ ᠠᠬᠠᠯᠠᠬᠤ ᠲᠣᠭᠣᠭᠠᠴᠢ ᠶ᠋ᠢᠨ ᠭᠡᠷ ᠲᠦ᠍ ᠣᠷᠣᠵᠤ ᠬᠡᠯᠡᠪᠡᠰᠦ᠂ ᠲᠣᠭᠣᠭᠠᠴᠢ ᠭᠠᠷᠴᠤ ᠢᠷᠡᠭᠡᠳ᠂ ᠲᠡᠷᠡ ᠬᠡᠳᠦᠨ ᠲᠣᠮᠣ ᠲᠣᠭᠣᠭ᠎ᠠ ᠤᠷᠤᠭᠤ ᠨᠢᠭᠡ ᠨᠢᠭᠡ ᠱᠠᠭᠠᠢᠵᠤ ᠦᠵᠡᠭᠡᠳ᠂ ᠠᠩᠭᠢ ᠶ᠋ᠢᠨ ᠵᠢᠵᠢᠭᠦᠷ ᠦ᠋ᠨ ᠭᠡᠷ ᠲᠦ᠍ ᠬᠣᠭᠣᠯᠠ ᠪᠣᠯᠤᠭᠰᠠᠨ ᠢ᠋ ᠮᠡᠳᠡᠭᠳᠡᠬᠦ ᠭᠡᠵᠦ ᠣᠴᠢᠵᠠᠢ᠃ ᠤᠳᠠᠯ ᠦᠭᠡᠢ ᠪᠦᠷᠢᠶᠡᠴᠢ ᠴᠡᠷᠢᠭ᠂ ᠬᠣᠭᠣᠯᠠᠨ ᠤ᠋ ᠪᠦᠷᠢᠶ᠎ᠡ ᠲᠠᠲᠠᠵᠤ᠂ ᠬᠠᠭᠤᠴᠢᠨ ᠬᠢᠲᠠᠳ ᠴᠡᠷᠢᠭ ᠦ᠋ᠨ ᠬᠤᠸᠠᠷᠠᠨ ᠪᠠᠢᠭᠰᠠᠨ᠂ ᠡᠭᠦᠳᠡ ᠴᠣᠩᠬᠣ ᠨᠢ ᠴᠡᠷᠢᠭ ᠦ᠋ᠨ ᠲᠦᠯᠡᠰᠢ ᠪᠣᠯᠵᠤ ᠣᠩᠭᠣᠷᠬᠠᠢ ᠪᠣᠯᠤᠭᠰᠠᠨ ᠰᠢᠪᠠᠷ ᠪᠠᠢᠰᠢᠩ ᠤ᠋ᠳ ᠠ᠋ᠴᠠ ᠤᠷᠠᠩᠬᠠᠢ ᠮᠠᠭᠤᠬᠠᠢ ᠳᠡᠪᠡᠯ ᠲᠡᠢ ᠴᠡᠷᠢᠭ ᠦ᠋ᠳ᠂ ᠰᠡᠨᠵᠢᠲᠡᠢ ᠪᠢᠴᠢᠬᠠᠨ ᠪᠢᠴᠢᠬᠠᠨ ᠰᠠᠪᠠ ᠪᠠᠷᠢᠵᠠᠭᠠᠨ ᠭᠠᠷᠴᠤ ᠢᠷᠡᠭᠡᠳ᠂ ᠠᠷᠪᠠᠨ ᠠᠷᠪᠠᠨ ᠢ᠋ᠶ᠋ᠠᠷ ᠳᠡᠰ ᠳᠠᠷᠠᠭ᠎ᠠ ᠪᠠᠨ ᠪᠠᠷᠢᠮᠲᠠᠯᠠᠨ ᠵᠢᠭᠰᠠᠭᠠᠳ᠂ ᠨᠢᠭᠡ ᠨᠢᠭᠡ ᠬᠡᠷᠴᠢᠮ ᠮᠢᠬ᠎ᠠ ᠲᠠᠢ ᠰᠢᠩᠭᠡᠨ ᠪᠠᠨᠲᠠᠩ ᠬᠢᠯᠭᠡᠵᠦ ᠠᠪᠤᠭᠠᠳ᠂ ᠬᠤᠸᠠᠷᠠᠨ ᠳ᠋ᠠᠭᠠᠨ ᠣᠷᠣᠵᠠᠭᠠᠵᠤ ᠬᠠᠨᠵᠤᠨ ᠳᠡᠭᠡᠷ᠎ᠡ ᠢ᠋ᠶ᠋ᠡᠨ ᠰᠠᠭᠤᠭᠠᠳ᠂ ᠮᠣᠳᠣᠨ ᠠᠶᠠᠭᠠᠨ ᠳ᠋ᠤ᠌ ᠲᠡᠷᠡ ᠪᠠᠨᠲᠠᠩ ᠢ᠋ᠶ᠋ᠠᠨ ᠠᠶᠠᠭᠠᠯᠠᠵᠤ᠂ ᠬᠠᠯᠪᠠᠭ᠎ᠠ ᠰᠠᠪᠬ᠎ᠠ ᠦᠭᠡᠢ ᠫᠠᠵᠢᠭᠢᠨᠠᠲᠠᠯᠠ ᠰᠣᠷᠣᠵᠤ᠂ ᠱᠥᠯᠥ ᠪᠡᠨ ᠤᠤᠭᠤᠵᠤ ᠳᠠᠭᠤᠰᠤᠭᠠᠳ ᠠᠶᠠᠭ᠎ᠠ ᠪᠠᠨ ᠳᠣᠯᠢᠶᠠᠵᠤ᠂ ᠬᠣᠭᠣᠯᠠᠨ ᠤ᠋ ᠰᠠᠪᠠ ᠶ᠋ᠢᠨ ᠢᠷᠣᠭᠠᠷ ᠢ᠋ ᠬᠤᠷᠤᠭᠤ ᠪᠠᠷ ᠢ᠋ᠶ᠋ᠠᠨ ᠬᠤᠰᠤᠵᠤ᠂ ᠰᠢᠷᠬᠡᠭ ᠪᠤᠳᠠᠭ᠎ᠠ ᠶ᠋ᠢ ᠴᠦ᠍ ᠦᠯᠡᠳᠡᠭᠡᠯ ᠦᠭᠡᠢ ᠢᠳᠡᠵᠦ ᠭᠦᠢᠴᠡᠪᠡ᠃
ᠴᠢᠩᠭᠢᠭᠡᠳ ᠫᠧᠯᠵᠡᠢ ᠭᠡᠳᠡᠭ ᠥᠨᠳᠥᠷ ᠴᠢᠭᠢᠷᠠᠭ ᠨᠢᠭᠡᠨ ᠴᠡᠷᠢᠭ᠂ ᠬᠠᠨᠵᠤᠨ ᠳᠡᠭᠡᠷ᠎ᠡ ᠡᠴᠡ ᠥᠨᠳᠡᠢᠨ ᠪᠣᠰᠴᠤ᠂
— ᠵᠠ᠂ ᠴᠠᠢ ᠠᠪᠴᠢᠷᠠᠵᠤ ᠭᠡᠳᠡᠰᠦ ᠪᠡᠨ ᠳᠦᠭᠦᠷᠭᠡᠳᠡᠭ ᠶᠦᠮ ᠪᠢᠯᠢᠤ(ᠪᠢᠯᠡ ᠤᠤ) ᠳᠠ᠃ ᠣᠳᠣ ᠨᠠᠳᠠᠳᠤ(ᠨᠠᠳᠠ ᠳ᠋ᠤ᠌) ᠥᠷᠥᠭᠡᠯ ᠬᠣᠨᠢᠨ ᠤ᠋ ᠮᠢᠬ᠎ᠠ ᠴᠢᠨᠠᠵᠤ ᠥᠭᠳᠡᠭ ᠪᠤᠶᠠᠨᠲᠠᠨ ᠬᠥᠮᠦᠨ ᠪᠠᠢᠭᠠᠰᠠᠢ᠂ ᠨᠢᠭᠡ ᠠᠮᠢ ᠪᠠᠷ ᠯᠠ ᠢᠳᠡᠵᠦ ᠣᠷᠬᠢᠬᠤ ᠰᠠᠨ᠃ ᠴᠡᠷᠢᠭ ᠦ᠋ᠨ ᠠᠯᠪᠠᠨ ᠬᠠᠭᠠᠬᠤ ᠭᠡᠵᠦ ᠥᠯᠥᠨ ᠪᠢᠷᠢᠳ ᠦ᠋ᠨ ᠵᠣᠪᠠᠯᠠᠩ ᠡᠳ᠋ᠯᠡᠵᠦ ᠪᠠᠢᠨ᠎ᠠ ᠳᠠ᠂ ᠨᠥᠬᠥᠳ ᠮᠢᠨᠢ ᠭᠡᠵᠦ ᠬᠡᠯᠡᠵᠡᠢ᠃
— ᠪᠢ᠂ ᠵᠤᠳ ᠨᠣᠶᠠᠳ ᠬᠣᠶᠠᠷ ᠲᠤ᠌ ᠬᠣᠨᠢ ᠪᠠᠨ ᠴᠥᠯᠪᠡᠨ ᠢᠳᠡᠭᠦᠯᠴᠢᠬᠦ(ᠢᠳᠡᠭᠦᠯᠴᠢᠬᠡᠬᠦ) ᠶ᠋ᠢᠨ ᠡᠮᠦᠨ᠎ᠡ ᠬᠣᠨᠢᠨ ᠤ᠋ ᠥᠷᠥᠭᠡᠯ ᠢ᠋ ᠭᠠᠭᠴᠠ ᠠᠮᠢ ᠪᠠᠷ ᠢᠳᠡᠴᠢᠳᠡᠭ(ᠢᠳᠡᠴᠢᠬᠡᠳᠡᠭ)ᠪᠠᠢᠭᠰᠠᠨ ᠪᠢᠯᠡ᠃ ᠣᠳᠣ ᠥᠷᠥᠭᠡᠯ ᠪᠠᠢᠲᠤᠭᠠᠢ ᠪᠦᠬᠦᠯᠢ ᠬᠣᠨᠢ ᠶ᠋ᠢ ᠴᠦ᠍ ᠢᠳᠡᠴᠢᠬᠡᠬᠦ ᠳ᠋ᠦ᠍ ᠬᠣᠳᠣᠭᠣᠳᠣ ᠮᠢᠨᠢ ᠬᠣᠲᠣᠢᠬᠤ ᠦᠭᠡᠢ ᠪᠣᠯᠤᠭᠰᠠᠨ ᠳ᠋ᠤᠭ ᠠ( ᠠ᠋) ᠭᠡᠵᠦ ᠨᠢᠭᠡ ᠬᠥᠮᠦᠨ ᠬᠠᠷᠠᠩᠭᠤᠢ ᠪᠤᠯᠤᠩ ᠠ᠋ᠴᠠ ᠰᠥᠭᠡᠩᠭᠢ ᠪᠦᠳᠦᠭᠦᠨ ᠳᠠᠭᠤᠨ ᠢ᠋ᠶ᠋ᠠᠷ ᠥᠭᠦᠯᠡᠵᠦ᠂ ᠢᠩᠭᠢᠵᠦ ᠬᠣᠭᠣᠰᠣᠨ ᠨᠣᠢᠲᠠᠨ ᠶᠠᠪᠤᠵᠤ ᠠᠯᠪᠠ ᠬᠠᠭᠠᠬᠤ ᠨᠢ ᠬᠡᠴᠡᠭᠦᠦ ᠪᠠᠢᠨ᠎ᠠ᠃ ᠪᠤᠷᠬᠠᠨ ᠲᠩᠷᠢ ᠮᠡᠳᠡᠭ! ᠪᠢ ᠶᠡᠷᠦᠨᠢ(ᠶᠡᠷᠦ ᠨᠢ)ᠪᠣᠰᠤᠨ᠎ᠠ! ᠭᠡᠵᠡᠢ᠃
ᠡᠪᠦᠭᠡᠨ ᠨᠢᠸᠠᠯ ᠲᠡᠭᠦᠨ ᠢ᠋ ᠰᠣᠨᠣᠰᠤᠭᠠᠳ᠂ ᠴᠢ ᠳᠤᠭᠤᠢ ᠪᠠᠢ᠃ ᠳᠠᠷᠤᠭ᠎ᠠ ᠨᠠᠷ ᠰᠣᠨᠣᠰᠪᠠᠯ ᠮᠢᠬ᠎ᠠ ᠶ᠋ᠢ ᠴᠢᠨᠢ ᠢᠳᠡᠨ᠎ᠡ ᠰᠢᠦ᠃ ᠲᠡᠭᠡᠵᠦ ᠪᠠᠢᠭᠰᠠᠨ ᠠ᠋ᠴᠠ ᠣᠴᠢᠵᠤ ᠬᠠᠯᠠᠭᠤᠨ ᠴᠠᠢ ᠠᠪᠴᠢᠷᠠ(ᠠᠪᠴᠢᠷᠠ)᠃ ᠫᠧᠯᠵᠡᠢ᠂ ᠯᠤᠪᠰᠠᠩ᠂ ᠰᠢᠷᠴᠢᠨ ᠲᠠ ᠨᠠᠷ ᠴᠠᠢ ᠳ᠋ᠤ᠌ ᠣᠴᠢᠯᠴᠠ ᠭᠡᠵᠦ ᠡᠪᠦᠯ ᠦ᠋ᠨ ᠰᠡᠭᠦᠯ ᠰᠠᠷ᠎ᠠ ᠶ᠋ᠢᠨ ᠲᠡᠷᠡ ᠦᠳᠡᠰᠢ ᠶ᠋ᠢᠨ ᠪᠦᠷᠦᠩᠬᠦᠢ ᠪᠡᠷ ᠬᠡᠲᠡ ᠬᠠᠪᠢᠷᠴᠤ᠂ ᠬᠠᠨᠵᠤᠨ ᠤ᠋ ᠵᠤᠤᠬᠠᠨ ᠳ᠋ᠤ᠌ ᠭᠠᠯ ᠠᠰᠠᠭᠠᠪᠠ᠃ ᠭᠠᠯ ᠤ᠋ᠨ ᠳᠥᠯᠥ ᠳᠥᠷᠥᠯᠵᠡᠨ(ᠳᠦᠷᠡᠯᠵᠡᠨ)᠂ ᠭᠠᠯ ᠠᠰᠠᠭᠠᠭᠰᠠᠨ ᠲᠡᠷᠡ ᠡᠪᠦᠭᠡᠨ ᠴᠡᠷᠢᠭ ᠦ᠋ᠨ ᠬᠦᠷᠡᠯ ᠦ᠋ᠨ ᠥᠩᠭᠡ ᠲᠡᠢ ᠦᠷᠴᠢᠭᠢᠷ ᠨᠢᠭᠤᠷ᠂ ᠪᠠᠢᠰᠢᠩ ᠤ᠋ᠨ ᠲᠠᠭᠠᠵᠠ ᠠ᠋ᠴᠠ ᠤᠨᠵᠢᠭᠰᠠᠨ ᠬᠠᠷ᠎ᠠ ᠬᠦ ᠢᠰᠦ ᠪᠣᠯᠤᠭᠰᠠᠨ ᠤᠷᠠᠩᠬᠠᠢ ᠴᠠᠭᠠᠰᠤᠨ ᠳ᠋ᠤ᠌ ᠲᠤᠶᠠᠭ᠎ᠠ ᠲᠣᠰᠴᠤ᠂ ᠭᠠᠯ ᠲᠣᠭᠣᠷᠢᠭᠰᠠᠨ ᠴᠡᠷᠢᠭ ᠦ᠋ᠨ ᠰᠡᠭᠦᠳᠡᠷ᠂ ᠴᠠᠩᠳᠠᠭᠰᠠᠨ(ᠴᠠᠩᠲᠤᠭᠰᠠᠨ) ᠰᠢᠪᠠᠷ ᠲᠤᠭᠤᠷᠭᠠᠨ ᠳ᠋ᠤ᠌ ᠭᠠᠯ ᠤ᠋ᠨ ᠳᠥᠯᠥ ᠳᠥᠷᠥᠯᠵᠡᠬᠦ(ᠳᠦᠷᠡᠯᠵᠡᠬᠦ) ᠳ᠋ᠦ᠍ ᠣᠪᠣᠭᠠᠨᠠᠨ ᠬᠥᠳᠡᠯᠵᠦ᠂ ᠬᠠᠷᠠᠩᠭᠤᠢ ᠳᠣᠲᠣᠷ᠎ᠠ ᠠ᠋ᠴᠠ ᠰᠠᠮᠨᠠᠭ᠎ᠠ ᠦᠭᠡᠢ ᠶᠡᠬᠡᠯ᠎ᠡ(ᠶᠡᠬᠡ ᠯᠡ) ᠤᠳᠠᠵᠤ᠂ ᠰᠢᠷᠢᠯᠳᠦᠭᠰᠡᠨ ᠭᠡᠵᠢᠭᠡ ᠲᠡᠢ᠂ ᠬᠦᠷᠡᠩ ᠤᠯᠠᠭᠠᠨ ᠴᠢᠷᠠᠢ ᠲᠠᠢ ᠬᠥᠮᠦᠨ᠂ ᠡᠨᠳᠡ ᠲᠡᠨᠳᠡ ᠡᠴᠡ ᠭᠠᠯ ᠤ᠋ᠨ ᠳᠡᠷᠭᠡᠳᠡ ᠢᠷᠡᠵᠦ ᠭᠠᠩᠰᠠ ᠪᠠᠨ ᠠᠰᠠᠭᠠᠭᠠᠳ᠂ ᠬᠠᠷᠠᠩᠭᠤᠢ ᠳ᠋ᠤ᠌ ᠬᠠᠨᠵᠤᠨ ᠳᠡᠭᠡᠷ᠎ᠡ ᠣᠴᠢᠵᠤ ᠲᠠᠮᠠᠬᠢ ᠪᠠᠨ ᠲᠠᠲᠠᠬᠤ ᠳ᠋ᠤ᠌ ᠤᠯᠠᠭᠠᠨ ᠭᠠᠯ ᠡᠨᠳᠡ ᠲᠡᠨᠳᠡ ᠦᠵᠡᠭᠳᠡᠨ᠂ ᠭᠠᠩᠰᠠ ᠪᠠᠨ ᠲᠣᠩᠰᠢᠵᠠᠭᠠᠬᠤ ᠴᠢᠮᠡᠭᠡ ᠰᠣᠨᠣᠰᠳᠠᠪᠠ᠃
ᠡᠪᠦᠭᠡᠨ ᠨᠢᠸᠠᠯ᠂ ᠶᠣᠬᠣ ᠭᠡᠵᠦ ᠪᠣᠰᠤᠭᠠᠳ ᠬᠠᠷ᠎ᠠ ᠬᠦ ᠪᠣᠯᠤᠭᠰᠠᠨ ᠰᠢᠯ ᠲᠡᠢ ᠬᠡᠳᠦᠨ ᠳ᠋ᠧᠩᠯᠦ ᠳ᠋ᠦ᠍ ᠬᠦᠢᠲᠡᠨ ᠳ᠋ᠦ᠍ ᠪᠡᠭᠡᠷᠡᠵᠦ ᠨᠤᠭᠤᠷᠠᠵᠤ ᠥᠭᠬᠦ ᠦᠭᠡᠢ ᠪᠣᠯᠤᠭᠰᠠᠨ ᠬᠤᠷᠤᠭᠤ ᠪᠠᠷ ᠢ᠋ᠶ᠋ᠠᠨ ᠳ᠋ᠧᠩ ᠪᠠᠷᠢᠬᠤ ᠭᠡᠵᠦ ᠮᠤᠩᠬᠢᠨᠠᠨ ᠣᠷᠣᠯᠳᠣᠭᠰᠠᠭᠠᠷ ᠭᠡᠷᠡᠯ ᠪᠠᠷᠢᠬᠤᠢᠴᠠ ᠪᠣᠯᠵᠠᠢ᠃ ᠲᠡᠷᠡ ᠬᠡᠳᠦᠨ ᠮᠠᠭᠤ ᠳ᠋ᠧᠩᠯᠦ ᠲᠡᠢ ᠳ᠋ᠧᠩ ᠦ᠋ᠨ ᠪᠦᠳᠡᠭᠢ ᠭᠡᠷᠡᠯ ᠳ᠋ᠦ᠍ ᠴᠡᠷᠢᠭ ᠦ᠋ᠨ ᠬᠤᠸᠠᠷᠠᠨ ᠭᠡᠵᠦ ᠪᠠᠢᠭ᠎ᠠ ᠲᠡᠷᠡ ᠬᠦᠢᠲᠡᠨ ᠴᠢᠭᠢᠭ ᠲᠡᠢ ᠰᠢᠪᠡᠷ ᠪᠠᠢᠰᠢᠩ ᠤ᠋ᠨ ᠣᠩᠭᠣᠷᠬᠠᠢ ᠡᠭᠦᠳᠡ ᠴᠣᠩᠬᠣ ᠨᠢ ᠬᠠᠷ᠎ᠠ ᠨᠦᠬᠡ ᠰᠢᠭ ᠬᠠᠷᠠᠭᠳᠠᠵᠤ᠂ ᠳᠡᠭᠡᠳᠦᠬᠢ ᠲᠠᠭᠠᠵᠠ ᠶ᠋ᠢᠨ ᠴᠣᠭᠣᠷᠣᠬᠠᠢ(ᠴᠤᠭᠤᠷᠬᠠᠢ) ᠣᠩᠭᠣᠢᠨ ᠦᠵᠡᠭᠳᠡᠵᠦ᠂ ᠬᠠᠨᠵᠤᠨ ᠳᠡᠭᠡᠭᠦᠷ ᠴᠡᠷᠢᠭ ᠦ᠋ᠨ ᠬᠤᠴᠢᠯᠭ᠎ᠠ ᠬᠢᠵᠦ ᠪᠠᠢᠭᠰᠠᠨ ᠤᠷᠠᠩᠬᠠᠢ ᠨᠣᠣᠷᠬᠠᠢ ᠮᠠᠭᠤ ᠰᠠᠢᠨ ᠢᠮᠠᠭᠠᠨ ᠳᠠᠬᠤ᠂ ᠳᠡᠪᠡᠯ ᠬᠠᠷᠠᠭᠳᠠᠬᠤ ᠨᠢ ᠦᠨᠡᠬᠡᠷ ᠦᠷᠦ ᠡᠪᠡᠳᠦᠯᠲᠡᠢ᠃ ᠲᠡᠷᠡ ᠬᠤᠸᠠᠷᠠᠨ ᠢ᠋ ᠪᠣᠳᠣᠪᠠᠯ᠂ ᠲᠦᠮᠡᠨ ᠨᠦᠬᠡ ᠰᠦᠪᠡ ᠶ᠋ᠢ ᠮᠠᠭᠤ ᠰᠠᠢᠨ ᠠᠳᠠᠰᠬ᠎ᠠ ᠪᠠᠷ ᠪᠥᠭᠯᠡᠵᠦ ᠲᠠᠭᠯᠠᠭᠰᠠᠨ ᠰᠢᠷ᠎ᠠ ᠢᠰᠡᠭᠡᠢ ᠣᠪᠣᠬᠠᠢ ᠲᠠᠢ ᠶᠠᠳᠠᠭᠤ ᠶ᠋ᠢᠨ ᠲᠤᠢᠯ ᠳ᠋ᠤ᠌ ᠬᠦᠷᠦᠭᠰᠡᠨ ᠬᠥᠮᠦᠨ ᠦ᠌ ᠮᠠᠭᠤ ᠣᠪᠣᠬᠠᠢ ᠴᠤ᠌ ᠭᠡᠰᠡᠨ᠂ ᠭᠣᠯᠣᠮᠲᠠ ᠳ᠋ᠠᠭᠠᠨ( ᠳ᠋ᠤ᠌ ᠪᠠᠨ) ᠭᠠᠯ ᠲᠠᠢ ᠳᠤᠯᠠᠭᠠᠨ ᠰᠠᠢᠬᠠᠨ ᠶᠡᠬᠡᠯ᠎ᠡ(ᠶᠡᠬᠡ ᠯᠡ) ᠲᠣᠬᠢᠯᠢᠭ ᠰᠠᠢᠬᠠᠨ ᠣᠷᠣᠨ ᠭᠡᠷ ᠰᠢᠭ ᠦᠵᠡᠭᠳᠡᠬᠦ ᠪᠠᠢᠬ᠎ᠠ᠃
ᠥᠨᠥᠬᠢ ᠤᠷᠭᠤᠵᠤ ᠪᠣᠰᠤᠨ᠎ᠠ ᠭᠡᠰᠡᠨ ᠴᠡᠷᠢᠭ᠂ ᠭᠬᠢᠷ ᠲᠠᠭ ᠪᠣᠯᠤᠭᠰᠠᠨ ᠲᠣᠮᠣ ᠭᠡᠭᠴᠢ ᠶ᠋ᠢᠨ ᠮᠣᠳᠣᠨ ᠳᠣᠩᠪᠣ(ᠳᠣᠮᠪᠣ) ᠲᠠᠢ ᠴᠠᠢ ᠡᠭᠦᠷᠴᠦ ᠢᠷᠡᠭᠡᠳ ᠬᠠᠨᠵᠤᠨ ᠤ᠋ ᠡᠮᠦᠨ᠎ᠡ ᠭᠠᠵᠠᠷ ᠲᠠᠯᠪᠢᠵᠤ᠂
— ᠵᠠ᠂ ᠳᠤᠷᠠᠲᠠᠢ ᠬᠥᠮᠦᠨ ᠴᠠᠢ ᠭᠦᠵᠡᠭᠡᠯᠡᠵᠦ ᠪᠠᠢ ᠭᠡᠵᠡᠢ᠃
ᠲᠡᠭᠦᠨ ᠦ᠌ ᠬᠣᠢᠨ᠎ᠠ ᠠ᠋ᠴᠠ ᠪᠠᠰᠠ ᠳᠣᠩᠪᠣ ᠲᠠᠢ ᠴᠠᠢ ᠡᠭᠦᠷᠴᠦ ᠶᠠᠪᠤᠭᠰᠠᠨ ᠴᠡᠷᠢᠭ᠂ ᠲᠠᠮᠤ ᠶ᠋ᠢᠨ ᠠᠮᠢᠲᠠᠨ ᠲᠠᠮᠤ ᠳ᠋ᠠᠭᠠᠨ( ᠳ᠋ᠤ᠌ ᠪᠠᠨ) ᠵᠢᠷᠭᠠᠯ ᠲᠠᠢ ᠭᠡᠵᠦ᠂ ᠠᠶᠠᠭ᠎ᠠ ᠪᠠᠨ ᠲᠣᠰᠴᠤ ᠪᠠᠢ ᠨᠥᠬᠥᠳ ᠮᠢᠨᠢ ᠭᠡᠵᠦ ᠠᠭᠤᠷ ᠰᠠᠪᠰᠠᠭᠰᠠᠨ ᠬᠠᠯᠠᠭᠤᠨ ᠴᠠᠢ ᠲᠠᠢ ᠳᠣᠩᠪᠣ ᠪᠠᠨ ᠰᠢᠷᠣᠢ ᠶ᠋ᠢᠨ ᠱᠠᠯᠠ ᠳᠡᠭᠡᠷ᠎ᠡ ᠲᠠᠯᠪᠢᠪᠠ᠃
ᠡᠪᠦᠭᠡᠨ ᠨᠢᠸᠠᠯ᠂ ᠡᠯᠵᠢᠭᠡ ᠮᠣᠳᠣᠨ ᠬᠤᠳᠠᠷᠭᠠᠨ ᠳ᠋ᠠᠭᠠᠨ ᠲᠠᠰᠤᠳᠠᠭ ᠭᠡᠳᠡᠭ ᠠ᠋ ᠭᠡᠵᠦ ᠭᠤᠨᠢᠨ ᠬᠣᠱᠣᠩᠨᠠᠵᠤ᠂ ᠰᠢᠷᠴᠢᠨ ᠳ᠋ᠦ᠍᠂ ᠮᠠᠢ ᠬᠦᠦ ᠮᠢᠨᠢ᠂ ᠨᠢᠭᠡ ᠠᠳᠬᠤ ᠬᠤᠷᠤᠳ᠂ ᠥᠨᠥᠳᠥᠷ ᠴᠡᠷᠢᠭ ᠦ᠋ᠨ ᠡᠮᠴᠢ ᠯᠠᠮᠠ ᠨᠠᠳᠠᠳᠤ (ᠨᠠᠳᠠ ᠳ᠋ᠤ᠌) ᠬᠣᠶᠠᠷ ᠠᠳᠬᠤ ᠰᠠᠢᠬᠠᠨ ᠬᠤᠷᠤᠳ ᠥᠭᠭᠦᠭᠰᠡᠨ᠃ ᠮᠠᠨᠠᠢ ᠴᠡᠷᠢᠭ ᠦ᠋ᠨ ᠢᠳᠡᠳᠡᠭ ᠬᠤᠷᠤᠳ ᠢ᠋ ᠪᠣᠳᠣᠪᠠᠯ ᠠᠮᠲᠠ ᠨᠢ ᠶᠠᠷᠢᠶ᠎ᠠ ᠦᠭᠡᠢ ᠰᠠᠢᠬᠠᠨ ᠬᠤᠷᠤᠳ ᠠ᠋ ᠬᠡᠮᠡᠪᠡᠰᠦ᠂ ᠡᠪᠦᠯ ᠦ᠋ᠨ ᠲᠡᠰᠬᠢᠮ᠎ᠡ ᠬᠦᠢᠲᠡᠨ ᠳ᠋ᠦ᠍ ᠬᠡᠳᠦᠨ ᠰᠠᠷ᠎ᠠ ᠪᠠᠷ ᠠᠶᠠᠯᠠᠨ ᠶᠠᠪᠤᠵᠤ ᠪᠡᠷᠬᠡ ᠶ᠋ᠢ ᠲᠤᠭᠤᠯᠵᠤ ᠰᠤᠷᠤᠭᠰᠠᠨ ᠬᠠᠲᠠᠭᠤᠵᠢᠯ ᠲᠠᠢ ᠡᠷᠡᠴᠦᠳ᠂ ᠲᠡᠷᠡ ᠬᠡᠳᠦᠨ ᠳᠣᠩᠪᠣ ᠲᠠᠢ ᠬᠠᠯᠠᠭᠤᠨ ᠴᠠᠢ ᠶ᠋ᠢ ᠲᠣᠭᠣᠷᠢᠵᠠᠭᠠᠵᠤ᠂ ᠵᠠᠷᠢᠮ ᠨᠢ ᠴᠢᠯᠠᠭᠤ ᠰᠢᠭ᠋ ᠬᠠᠲᠠᠭᠤ ᠬᠤᠷᠤᠳ ᠴᠠᠢ ᠳ᠋ᠠᠭᠠᠨ ᠳᠡᠪᠲᠦᠭᠡᠵᠦ ᠤᠤᠭᠤᠬᠤ ᠭᠡᠵᠦ᠂ ᠵᠠᠷᠢᠮ ᠨᠢ ᠲᠠᠴᠢᠭᠢᠨᠠᠲᠠᠯ᠎ᠠ ᠵᠠᠵᠢᠯᠤᠨ᠂ ᠵᠠᠷᠢᠮ ᠨᠢᠭᠡ ᠨᠢ ᠳᠠᠬᠢᠭᠠᠳ ᠯᠠ ᠬᠦᠭᠡᠴᠢᠷᠡᠭᠰᠡᠨ ᠬᠤᠷᠤᠳ ᠥᠭᠴᠡᠢ᠃ ᠠᠦ᠋ᠲ᠋ᠣᠨᠣᠮᠢ ᠭᠡᠳᠡᠭ ᠮᠠᠨᠢ ᠮᠠᠨᠵᠤ ᠨᠠᠷ ᠠ᠋ᠴᠠ ᠳᠣᠣᠷ᠎ᠠ ᠶᠤᠮ ᠰᠢᠪ ᠳᠡ! ᠭᠡᠵᠦ ᠳᠤᠤᠭᠠᠷᠴᠠᠭᠠᠪᠠ᠃
ᠴᠢᠯᠥᠭᠡᠨ ᠦ᠌ ᠬᠠᠭᠤᠳᠠᠰᠤ ᠪᠠᠷ ᠬᠦᠷᠢᠶ᠎ᠡ ᠣᠷᠣᠵᠤ ᠶᠠᠪᠤᠭᠠᠳ ᠢᠷᠡᠭᠰᠡᠨ ᠠᠵᠠ ᠲᠠᠢ ᠨᠢᠭᠡᠨ ᠨᠢ ᠮᠢᠬ᠎ᠠ ᠡᠭᠦᠷᠴᠦ᠂ ᠭᠠᠭᠴᠠ ᠨᠢᠭᠡ ᠤᠯᠠᠭᠠᠨ ᠮᠥᠩᠭᠥ ᠣᠯᠵᠤ᠂ ᠢᠳᠡᠬᠦ ᠶᠠᠭᠤᠮ᠎ᠠ ᠠᠪᠴᠢᠷᠠᠭᠰᠠᠨ ᠢ᠋ᠶ᠋ᠠᠨ ᠠᠪᠳᠠᠷ᠎ᠠ ᠲᠠᠢ ᠨᠢ ᠠᠪᠳᠠᠷ᠎ᠠ ᠠ᠋ᠴᠠ᠂ ᠪᠣᠭᠴᠣ ᠲᠠᠢ ᠨᠢ ᠪᠣᠭᠴᠣ ᠠ᠋ᠴᠠ ᠪᠠᠨ᠂ ᠬᠣᠨᠢᠨ ᠤ᠋ ᠪᠣᠯᠭᠣᠭᠰᠠᠨ ᠲᠣᠯᠣᠭᠠᠢ ᠰᠢᠭᠢᠷ᠎ᠡ ᠭᠠᠷᠭᠠᠵᠤ ᠬᠠᠯᠠᠭᠤᠨ ᠴᠠᠢ ᠳ᠋ᠤ᠌ ᠭᠡᠰᠬᠡᠨ ᠢᠳᠡᠬᠦ ᠭᠡᠵᠦ ᠣᠷᠣᠯᠳᠣᠪᠠ᠃ ᠭᠡᠵᠢᠭᠡᠨ ᠦ᠌ ᠳᠠᠪ ᠲᠠᠯᠪᠢᠭᠰᠠᠨ ᠰᠠᠶᠢᠬᠠᠨ ᠬᠠᠷ᠎ᠠ ᠪᠣᠯᠤᠭᠰᠠᠨ ᠪᠠᠢᠳᠠᠯ ᠲᠠᠢ ᠨᠢᠭᠡᠨ ᠴᠣᠬᠣᠷ ᠴᠡᠷᠢᠭ ᠪᠣᠭᠴᠣ ᠳᠣᠲᠣᠷ᠎ᠠ ᠠ᠋ᠴᠠ ᠬᠣᠨᠢᠨ ᠤ᠋ ᠪᠣᠯᠭᠣᠭᠰᠠᠨ ᠬᠣᠶᠠᠷ ᠲᠣᠯᠣᠭᠠᠢ ᠭᠠᠷᠭᠠᠵᠤ ᠰᠢᠷᠴᠢᠨ ᠦ᠌ ᠵᠦᠭ ᠠᠨᠢᠰᠭᠢᠵᠤ᠂
— ᠭᠤᠷᠪᠠᠨ ᠮᠥᠩᠭᠥ ᠪᠡᠷ ᠨᠢᠭᠡ ᠶ᠋ᠢ ᠨᠢ ᠠᠪᠤᠪᠠᠯ ᠠᠪ᠃ ᠪᠢ ᠪᠠᠰᠠ ᠰᠢᠭᠢᠷ᠎ᠡ ᠦᠭᠭᠦᠯᠴᠢᠨᠡ ᠭᠡᠬᠦ ᠳ᠋ᠦ᠍ᠨᠢ ᠲᠡᠷᠡ ᠲᠣᠯᠣᠭᠠᠢ ᠶᠡᠬᠡ ᠯᠡ ᠡᠠᠮᠲᠠᠲᠠᠢ ᠰᠠᠢᠬᠠᠨ ᠦᠵᠡᠭᠳᠡᠵᠦ ᠰᠢᠷᠴᠢᠨ ᠠᠷᠭ᠎ᠠ ᠪᠤᠶᠤ ᠬᠥᠬᠡᠷᠡᠭ ᠦ᠋ᠨ ᠰᠠᠪᠠᠨ ᠳᠣᠲᠣᠷ᠎ᠠ ᠠ᠋ᠴᠠ ᠴᠡᠷᠢᠭ ᠦ᠋ᠨ ᠨᠢᠭᠡᠨ ᠰᠠᠷ᠎ᠠ ᠶ᠋ᠢᠨ ᠴᠠᠯᠢᠩ ᠭᠡᠵᠦ ᠰᠠᠶᠢ ᠪᠠᠭᠤᠭᠰᠠᠨ ᠭᠤᠴᠢᠨ ᠮᠥᠩᠭᠥᠨ ᠡᠴᠡ ᠭᠤᠷᠪᠠᠨ ᠮᠥᠩᠭᠥ ᠠᠪᠴᠤ ᠥᠭᠭᠦᠯ᠎ᠡ᠃
ᠡᠪᠦᠭᠡᠨ ᠨᠢᠸᠠᠯ᠂ ᠲᠡᠷᠡ ᠲᠣᠯᠣᠭᠠᠢ ᠶ᠋ᠢ ᠦᠵᠡᠭᠡᠳ ᠬᠣᠷᠣᠬᠠᠢ ᠨᠢ ᠬᠦᠷᠴᠦ ᠣᠪᠣ ᠲᠠᠷᠭᠤᠨ ᠬᠣᠨᠢ ᠪᠠᠢᠵᠤ ᠳᠠ᠃ ᠰᠢᠭᠢᠷ᠎ᠡ ᠨᠢ ᠴᠦ᠍ ᠮᠥᠨ ᠰᠠᠢᠬᠠᠨ ᠬᠤᠢᠬᠠᠯᠠᠵᠤ᠂ ᠠᠶᠠᠲᠠᠢᠬᠠᠨ ᠴᠢᠨᠠᠵᠠᠢ ᠭᠡᠵᠦ ᠲᠡᠷᠡ ᠬᠣᠨᠢᠨ ᠤ᠋ ᠲᠣᠯᠣᠭᠠᠢ ᠶ᠋ᠢ ᠭᠢᠯᠠᠨ ᠬᠢᠵᠦ ᠬᠠᠷᠠᠪᠠ᠃ ᠰᠢᠷᠴᠢᠨ ᠲᠡᠷᠡ ᠡᠪᠦᠭᠡᠨ ᠢ᠋ ᠰᠠᠶᠢ ᠬᠤᠷᠤᠳ ᠠ᠋ᠴᠠ ᠪᠠᠨ ᠦᠭᠬᠦᠯᠴᠢᠭᠰᠡᠨ ᠪᠢᠯᠡ ᠭᠡᠵᠦ ᠪᠣᠳᠣᠭᠠᠳ᠂
— ᠡᠪᠦᠭᠡᠨ ᠭᠤᠸᠠᠢ᠂ ᠡᠨᠡ ᠲᠣᠯᠣᠭᠠᠢ ᠰᠢᠭᠢᠷ᠎ᠡ ᠶ᠋ᠢ ᠬᠣᠶᠠᠭᠤᠯᠠ ᠪᠠᠨ ᠴᠠᠢ ᠳ᠋ᠤ᠌ ᠬᠢᠵᠦ ᠢᠳᠡᠶ᠎ᠡ ᠭᠡᠬᠦ ᠳ᠋ᠦ᠍ᠨᠢ᠂ ᠵᠠ ᠭᠡᠵᠦ ᠪᠠᠶᠠᠷᠯᠠᠭᠠᠳ ᠬᠣᠭᠣᠯᠠᠨ ᠤ᠋ ᠰᠠᠪᠠᠨ ᠳ᠋ᠤ᠌ ᠬᠠᠯᠠᠭᠤᠨ ᠴᠠᠢ ᠶ᠋ᠢ ᠶᠠᠭᠠᠷᠠᠨ ᠬᠢᠪᠡ᠃
ᠬᠣᠭᠣᠯᠠ ᠢᠳᠡᠬᠦ ᠳ᠋ᠡᠭᠡᠨ ᠱᠤᠯᠤᠭᠠᠨᠠᠬᠤ ᠳᠤᠷ᠎ᠠ ᠦᠭᠡᠢ ᠮᠣᠩᠭᠣᠯᠴᠤᠳ ᠬᠠᠶᠠ ᠭᠠᠭᠴᠠ ᠨᠢᠭᠡ ᠦᠭᠡ ᠳᠤᠤᠭᠠᠷᠴᠤ᠂ ᠴᠠᠢ ᠬᠣᠭᠣᠯᠠ ᠪᠠᠨ ᠳᠠᠭᠤᠨ ᠦᠭᠡᠢ ᠢᠳᠡᠵᠦ ᠤᠤᠭᠤᠭᠠᠳ᠂ ᠬᠠᠨᠵᠤᠨ ᠳᠡᠭᠡᠷᠡᠬᠢ ᠨᠠᠮᠬᠠᠨ ᠪᠠᠩᠵᠠᠨ ᠣᠷᠣᠨ ᠳᠡᠭᠡᠷ᠎ᠡ ᠪᠡᠨ ᠰᠠᠭᠤᠵᠠᠭᠠᠨ ᠣᠷᠣᠢ ᠶ᠋ᠢᠨ ᠲᠣᠭᠠᠯᠠᠯᠭ᠎ᠠ ᠪᠣᠯᠲᠠᠯ᠎ᠠ ᠴᠠᠭ ᠥᠩᠭᠡᠷᠡᠭᠦᠯᠬᠦ ᠳ᠋ᠡᠭᠡᠨ ᠰᠠᠶᠢ ᠶᠠᠭᠤᠮ᠎ᠠ ᠶᠠᠷᠢᠵᠠᠭᠠᠵᠤ᠂ ᠳᠦᠩᠭᠡᠷ ᠳᠦᠩᠭᠡᠷ ᠳᠤᠤᠭᠠᠷᠴᠠᠭᠠᠪᠠ᠃
ᠰᠢᠷᠴᠢᠨ ᠦ᠌ ᠬᠠᠵᠠᠭᠤ ᠳ᠋ᠠᠬᠢ ᠡᠪᠦᠭᠡᠨ ᠴᠡᠷᠢᠭ᠂ ᠥᠨᠥ ᠥᠷᠯᠥᠭᠡ ᠫᠦᠯᠧᠮᠶᠣᠲ ᠰᠤᠮᠤᠨ ᠳ᠋ᠤ᠌ ᠥᠨᠥᠬᠢ ᠭᠠᠯᠵᠠᠭᠤ ᠱᠦᠢᠪ ᠳᠠᠬᠢᠭᠠᠳ ᠯᠠ ᠨᠢᠭᠡ ᠴᠡᠷᠢᠭ ᠢ᠋ ᠵᠣᠳᠣᠵᠤ ᠤᠯᠠᠭᠠᠨ ᠨᠡᠯᠦᠢ ᠪᠣᠯᠭᠠᠵᠠᠢ᠃ ᠶᠡᠷᠦ ᠬᠥᠮᠦᠨ ᠵᠣᠳᠣᠬᠤ ᠦᠭᠡᠢ ᠥᠨᠵᠢᠬᠦ ᠭᠡᠵᠦ ᠪᠠᠢᠳᠠᠭ ᠦᠭᠡᠢ ᠮᠠᠭᠤᠬᠠᠢ ᠮᠢᠬᠠᠴᠢᠨ ᠳ᠋ᠠᠭ ᠠ (ᠠ᠋)ᠭᠡᠵᠦ ᠳᠤᠤᠭᠠᠷᠪᠠ᠃ ᠪᠠᠰᠠ ᠨᠢᠭᠡ ᠬᠥᠮᠦᠨ ᠤᠷᠵᠢ ᠰᠥᠨᠢ ᠬᠣᠶᠠᠳᠤᠭᠠᠷ ᠰᠤᠮᠤᠨ ᠠ᠋ᠴᠠ ᠲᠠᠪᠤᠨ ᠬᠥᠮᠦᠨ ᠪᠣᠰᠴᠤ ᠭᠡᠨ᠎ᠡ ᠭᠡᠬᠦ ᠳ᠋ᠦ᠍ᠨᠢ᠄
— ᠢᠩᠭᠢᠵᠦ ᠪᠠᠢᠬᠤ ᠳ᠋ᠤ᠌ ᠠᠮᠢᠲᠠᠨ ᠪᠣᠰᠴᠤ ᠤᠷᠭᠤᠯ ᠦᠭᠡᠢ ᠶᠠᠭᠠᠬᠢᠬᠤ ᠪᠣᠢ ᠭᠡᠵᠦ ᠨᠢᠭᠡ ᠬᠥᠮᠦᠨ ᠬᠡᠯᠡᠵᠡᠢ᠃
— ᠦᠭᠡᠢ ᠶᠡᠷᠦᠨᠢ ᠮᠠᠨᠵᠤ ᠬᠢᠲᠠᠳ ᠢ᠋ ᠬᠥᠭᠡᠭᠡᠵᠦ ᠣᠷᠬᠢᠪᠠᠯ ᠰᠠᠢᠨ ᠰᠠᠢᠬᠠᠨ ᠪᠣᠯᠤᠨ᠎ᠠ ᠭᠡᠳᠡᠭ ᠮᠠᠨᠢ ᠶᠠᠭᠤ ᠪᠣᠯᠤᠭᠰᠠᠨ ᠪᠢᠯᠡ? ᠭᠡᠵᠦ ᠨᠢᠭᠡ ᠴᠡᠷᠢᠭ ᠦ᠋ᠨ ᠳᠤᠤᠭᠠᠷᠬᠤ ᠳ᠋ᠤ᠌᠄
— ᠣᠴᠢᠭᠠᠳ ᠳᠠᠮᠳᠢᠨ ᠲᠡᠷᠢᠭᠦᠨ ᠡᠴᠡ ᠠᠰᠠᠭᠤᠬᠤ ᠦᠭᠡᠢ ᠤᠤ? ᠭᠡᠵᠡᠢ᠃
— ᠪᠣᠯᠢᠶ᠎ᠠ ᠳᠠ ᠴᠢ ᠮᠢᠨᠢ᠂ ᠲᠡᠭᠡᠵᠦ ᠮᠢᠬ᠎ᠠ ᠪᠠᠨ ᠤᠷᠠᠭᠤᠯᠬᠤ ᠪᠠᠨ ᠭᠡᠵᠦ ᠶᠠᠷᠢᠵᠠᠭᠠᠵᠠᠢ᠃
* * *
ᠣᠷᠣᠢ ᠶ᠋ᠢᠨ ᠲᠣᠭᠠᠯᠠᠯᠭ᠎ᠠ ᠶ᠋ᠢᠨ ᠰᠡᠭᠦᠯ ᠢ᠋ᠶ᠋ᠡᠷ ᠵᠢᠭᠰᠠᠭᠠᠯ ᠤ᠋ᠨ ᠳᠠᠷᠤᠭ᠎ᠠ ᠨᠠᠷ᠂ ᠮᠠᠷᠭᠠᠰᠢ ᠶ᠋ᠢᠨ ᠠᠵᠢᠯ ᠠᠯᠪᠠᠨ ᠤ᠋ ᠲᠤᠬᠠᠢ ᠮᠡᠳᠡᠭᠳᠡᠬᠦ ᠵᠦᠢᠯ ᠢ᠋ ᠵᠠᠷᠯᠠᠭᠠᠳ ᠮᠠᠷᠭᠠᠲᠤᠷ ᠤ᠋ᠨ ᠮᠣᠷᠢᠨ ᠴᠠᠭ ᠲᠤ᠌ ᠪᠦᠬᠦ ᠭᠤᠷᠪᠠᠨ ᠰᠤᠮᠤᠨ ᠤ᠋ ᠴᠡᠷᠢᠭ ᠢ᠋ ᠪᠣᠭᠳᠠ ᠬᠠᠭᠠᠨ ᠳ᠋ᠤ᠌ ᠮᠥᠷᠭᠥᠭᠦᠯᠬᠦ ᠲᠤᠬᠠᠢ ᠵᠠᠬᠢᠷᠤᠯ ᠤ᠋ᠨ ᠲᠤᠰᠢᠶᠠᠯ ᠢ᠋ ᠰᠣᠨᠣᠰᠬᠠᠪᠠ᠃ ᠵᠢᠵᠢᠭᠦᠷ ᠦ᠋ᠨ ᠪᠦᠷᠢᠶᠡᠴᠢ ᠪᠦᠷᠢᠶ᠎ᠡ ᠪᠡᠨ ᠲᠠᠲᠠᠵᠤ ᠵᠢᠭᠰᠠᠭᠰᠠᠨ ᠴᠡᠷᠢᠭ᠂ ᠳᠠᠷᠤᠭ᠎ᠠ ᠨᠠᠷ ᠤ᠋ᠨ ᠺᠣᠮᠠᠨᠳᠠ ᠪᠠᠷ ᠮᠧᠭᠵᠢᠮ ᠤᠩᠰᠢᠵᠤ᠂ ᠮᠠᠨᠢ ᠬᠥᠭᠵᠢᠭᠡᠪᠡ᠃
* * *
— ᠥᠨᠥᠳᠥᠷ ᠡᠭᠡᠯᠲᠡᠢ(ᠡᠭᠡᠯᠢᠲᠡᠢ) ᠥᠩᠭᠡᠷᠡᠯ᠎ᠡ᠃ ᠴᠢᠯᠠᠭᠤ ᠪᠠᠷᠢᠵᠤ ᠵᠣᠭᠰᠣᠭᠠᠳ᠂ ᠲᠣᠭᠣᠭᠠᠨ ᠤ᠋ ᠭᠠᠵᠠᠷ ᠴᠡᠷᠢᠭ ᠦ᠋ᠨ ᠬᠣᠭᠣᠯᠠ ᠬᠢᠬᠦᠢᠴᠡ ᠪᠣᠯᠤᠭᠠᠳ ᠰᠠᠭᠤᠯ᠎ᠠ᠃ ᠱᠣᠢᠪ ᠪᠡᠶ᠎ᠡ ᠶ᠋ᠢᠨ ᠰᠤᠷᠭᠠᠭᠤᠯᠢ ᠵᠢᠭᠠᠭ᠎ᠠ ᠦᠭᠡᠢ ᠨᠢ ᠪᠣᠯᠵᠤ ᠳᠠ ᠭᠡᠵᠦ ᠰᠢᠷᠴᠢᠨ ᠬᠡᠪᠲᠡᠬᠦ ᠳ᠋ᠡᠭᠡᠨ ᠪᠣᠳᠣᠵᠠᠢ᠃ ᠮᠠᠷᠭᠠᠰᠢ ᠠᠮᠢᠳᠤ ᠪᠤᠷᠬᠠᠨ ᠪᠣᠭᠳᠠ ᠬᠠᠭᠠᠨ᠂ ᠤᠯᠤᠰ ᠤ᠋ᠨ ᠡᠬᠡ ᠳᠠᠭᠢᠨᠢ ᠶ᠋ᠢ ᠦᠵᠡᠵᠦ ᠠᠳᠢᠰ ᠬᠦᠷᠲᠡᠨ᠎ᠡ ᠭᠡᠵᠦ ᠪᠣᠳᠣᠬᠤ ᠳ᠋ᠠᠭᠠᠨ ᠴᠡᠭᠡᠵᠢ ᠳᠦᠭᠦᠷᠡᠩ ᠪᠠᠶᠠᠷᠯᠠᠵᠤ᠂ ᠴᠣᠩᠬᠣ ᠬᠠᠭᠠᠯᠭ᠎ᠠ ᠦᠭᠡᠢ ᠣᠩᠭᠣᠷᠬᠠᠢ᠂ ᠴᠢᠭᠢᠭ ᠲᠡᠢ ᠰᠢᠪᠡᠷ ᠬᠤᠸᠠᠷᠠᠨ ᠳ᠋ᠤ᠌ ᠲᠠᠭᠠᠷᠠᠵᠤ ᠥᠯᠥᠰᠬᠦ ᠶ᠋ᠢ ᠠᠷᠭ᠎ᠠ ᠪᠤᠶᠤ ᠤᠷᠭᠤᠨ ᠵᠠᠢᠯᠠᠬᠤ ᠭᠠᠵᠠᠷ ᠦᠭᠡᠢ ᠤᠴᠢᠷ᠂ ᠲᠡᠰᠪᠦᠷᠢᠯᠡᠨ ᠰᠠᠭᠤᠵᠤ ᠪᠠᠢᠭᠰᠠᠨ ᠨᠢ ᠪᠦᠷ ᠴᠦ᠍ ᠭᠣᠷᠢ ᠲᠠᠰᠤᠷᠠᠭᠰᠠᠨ ᠬᠡᠴᠡᠭᠦᠦ ᠠᠮᠢᠳᠤᠷᠠᠯ ᠠᠷᠠᠢ ᠪᠢᠰᠢ ᠪᠣᠯᠤᠯᠲᠠᠢ ᠭᠡᠵᠦ ᠰᠠᠨᠠᠭᠳᠠᠵᠤ᠂ ᠵᠠ᠂ ᠡᠨᠡ ᠴᠡᠷᠢᠭ ᠦ᠋ᠨ ᠰᠤᠷᠭᠠᠭᠤᠯᠢ ᠢᠩᠭᠢᠨ ᠲᠢᠩᠭᠢᠨ ᠲᠡᠭᠦᠰᠬᠡᠭᠡᠳ᠂ ᠪᠣᠭᠳᠠ ᠶ᠋ᠢᠨ ᠠᠪᠤᠷᠠᠯ ᠢ᠋ᠶ᠋ᠠᠷ ᠭᠠᠢ ᠦᠭᠡᠢ ᠪᠣᠯᠬᠤ ᠪᠣᠢ ᠭᠡᠵᠦ ᠪᠣᠳᠣᠵᠤ᠂ ᠳᠡᠷᠭᠡᠳᠡ ᠨᠢ ᠡᠪᠦᠭᠡᠨ ᠴᠡᠷᠢᠭ ᠤᠩᠰᠢᠯᠭ᠎ᠠ ᠪᠠᠨ ᠰᠢᠪᠡᠨᠡᠨ ᠤᠩᠰᠢᠵᠤ ᠪᠠᠢᠭ᠎ᠠ ᠶ᠋ᠢ ᠪᠦᠦᠷ ᠲᠦᠦᠷ ᠴᠢᠬᠢᠨ ᠦ᠌ ᠦᠵᠦᠭᠦᠷ ᠢ᠋ᠶ᠋ᠡᠷ ᠰᠣᠨᠣᠰᠤᠨ ᠤᠨᠲᠠᠴᠢᠪᠠ᠃
ᠥᠷᠯᠥᠭᠡ ᠨᠢ ᠵᠠᠷᠢᠮ ᠬᠥᠮᠦᠨ ᠨᠢᠭᠤᠷ ᠭᠠᠷ ᠢ᠋ᠶ᠋ᠠᠨ ᠴᠠᠰᠤ ᠪᠠᠷ ᠤᠬᠢᠶᠠᠵᠤ᠂ ᠵᠠᠷᠢᠮ ᠨᠢ ᠭᠠᠭᠴᠠ ᠪᠠᠯᠭᠤ ᠤᠰᠤ ᠪᠠᠷ ᠠᠮᠠᠨ ᠠ᠋ᠴᠠ ᠭᠠᠷ ᠳᠡᠭᠡᠷ᠎ᠡ ᠢ᠋ᠶ᠋ᠡᠨ ᠨᠠᠷᠢᠬᠠᠨ ᠢ᠋ᠶ᠋ᠠᠷ ᠱᠣᠵᠢᠭᠢᠨᠠᠭᠤᠯᠤᠨ᠂ ᠭᠣᠭᠣᠵᠢᠭᠤᠯᠵᠤ᠂ ᠭᠠᠷ ᠨᠢᠭᠤᠷ ᠢ᠋ᠶ᠋ᠠᠨ ᠵᠢᠯᠮᠡᠢᠭᠰᠡᠨ ᠪᠣᠯᠵᠤ ᠶᠠᠭᠤ ᠴᠤ᠌ ᠪᠣᠯᠤᠭᠰᠠᠨ ᠪᠣᠭᠳᠠ ᠭᠡᠭᠡᠬᠡᠨ ᠦ᠌ ᠡᠮᠦᠨ᠎ᠡ ᠵᠢᠭᠰᠠᠭᠠᠯ ᠤ᠋ᠨ ᠰᠤᠷᠭᠠᠭᠤᠯᠢ ᠦᠵᠡᠭᠦᠯᠬᠦ ᠶᠦᠮ ᠪᠠᠢᠨ᠎ᠠ ᠭᠡᠵᠦ ᠡᠩ ᠦ᠋ᠨ ᠡᠳᠦᠷ ᠦ᠋ᠨ ᠡᠴᠡ ᠨᠢᠭᠤᠷ ᠭᠠᠷ ᠢ᠋ᠶ᠋ᠠᠨ ᠬᠣᠷᠮᠣᠢ ᠪᠠᠷ ᠠᠷᠴᠢᠬᠤ ᠳ᠋ᠠᠭᠠᠨ ᠪᠠᠬᠠᠨ ᠬᠢᠴᠢᠶᠡᠵᠦ ᠠᠷᠴᠢᠪᠠ᠃ ᠥᠷᠯᠥᠭᠡ ᠶ᠋ᠢᠨ ᠰᠤᠷᠭᠠᠭᠤᠯᠢ ᠬᠢᠬᠦ ᠶ᠋ᠢᠨ ᠡᠮᠦᠨ᠎ᠡ ᠳᠠᠷᠤᠭ᠎ᠠ ᠨᠠᠷ᠂ ᠴᠡᠷᠢᠭ ᠦ᠋ᠨ ᠶᠣᠰᠣᠯᠠᠯ ᠤ᠋ᠨ ᠳᠡᠪᠡᠯ ᠬᠤᠪᠴᠠᠰᠤ᠂ ᠵᠡᠪᠰᠡᠭ ᠢ᠋ ᠰᠠᠢᠲᠤᠷ ᠰᠢᠯᠭᠠᠨ ᠦᠵᠡᠪᠡ᠃ ᠬᠥᠬᠡ ᠲᠣᠷᠭᠠᠨ ᠲᠡᠯᠢᠩ ᠳᠡᠪᠡᠯ ᠲᠡᠢ᠂ ᠬᠠᠷ᠎ᠠ ᠴᠠᠭᠠᠨ ᠬᠤᠷᠠᠭᠠᠨ ᠴᠢᠬᠢᠲᠡᠢ᠂ ᠬᠥᠬᠡ ᠴᠡᠩᠮᠡᠨ ᠲᠣᠪᠢ ᠮᠠᠯᠠᠭᠠᠢ ᠲᠠᠢ᠂ ᠭᠢᠯᠠᠯᠵᠠᠭᠰᠠᠨ ᠪᠤᠯᠢᠭᠠᠷᠢ ᠰᠢᠨ᠎ᠡ ᠭᠤᠲᠤᠯ ᠲᠠᠢ ᠴᠡᠷᠢᠭ ᠶᠡᠬᠡᠯ᠎ᠡ ᠭᠣᠶᠣ ᠰᠠᠢᠬᠠᠨ ᠦᠵᠡᠭᠳᠡᠵᠦ᠂ ᠬᠥᠮᠦᠨ ᠰᠢᠦ ᠬᠤᠪᠴᠠᠰᠤ ᠡᠮᠦᠰᠦᠭᠰᠡᠨ ᠳ᠋ᠡᠭᠡᠨ ᠤᠷᠮᠠᠰᠢᠵᠤ᠂ ᠵᠢᠭᠰᠠᠭᠠᠯ ᠰᠤᠷᠭᠠᠭᠤᠯᠢ ᠪᠠᠨ ᠲᠡᠷᠡ ᠥᠷᠯᠥᠭᠡ ᠪᠤᠵᠠᠭᠠᠢ ᠬᠢᠵᠡᠢ᠃
— ᠰᠠᠢᠨ ᠪᠠᠢᠨ᠎ᠠ᠂ ᠰᠠᠢᠨ ᠪᠠᠢᠨ᠎ᠠ᠃ ᠠᠢ ᠳᠠᠬᠢᠭᠠᠳ ᠲᠠ ᠨᠠᠷ ᠡᠳᠦᠷ ᠪᠦᠷᠢ ᠥᠨᠥᠳᠥᠷ ᠰᠢᠭ ᠰᠤᠷᠭᠠᠭᠤᠯᠢ ᠬᠢᠨ᠎ᠡ᠃ ᠠᠢ ᠮᠠᠷᠭᠠᠰᠢ᠂ ᠢ ᠨᠥᠭᠥᠭᠡᠳᠦᠷ ᠠᠢ᠂ ᠲᠡᠭᠦᠨᠴᠢᠯᠡᠨ ᠬᠡᠵᠢᠶ᠎ᠡ ᠴᠦ᠍ ᠥᠨᠥᠳᠥᠷ ᠰᠤᠷᠭᠠᠭᠤᠯᠢ ᠶᠠᠮᠠᠷ ᠬᠢᠭᠰᠡᠨ᠂ ᠳ᠋ᠠᠩᠳᠠ ᠲᠡᠢᠮᠦ ᠬᠢᠭᠰᠡᠨ ᠬᠡᠷᠡᠭ ᠲᠡᠢ᠂ ᠠ ᠥᠨᠥᠳᠥᠷ ᠲᠠᠨ ᠤ᠋ ᠬᠥᠮᠦᠨ ᠰᠠᠢᠨ ᠪᠠᠢᠨ᠎ᠠ᠂ ᠮᠣᠯᠣᠳ᠌ᠼᠢ( ᠵᠠᠯᠠᠭᠤ) ᠭᠡᠵᠦ ᠬᠤᠵᠢᠷᠪᠤᠯᠤᠩ ᠤ᠋ᠨ ᠴᠡᠷᠢᠭ ᠦ᠋ᠨ ᠰᠤᠷᠭᠠᠭᠴᠢ ᠶᠡᠬᠡ ᠴᠢᠩᠭ᠎ᠠ ᠨᠢᠮᠪᠠᠢ ᠺᠠᠽᠠᠭ ᠦᠷᠢᠶᠡᠳ᠋ᠨᠢᠺ ᠠᠷᠤᠭᠠ ᠹᠷᠤᠯᠤᠸ ᠤ᠋ᠨ ᠮᠠᠭᠲᠠᠬᠤ ᠳ᠋ ᠷᠤᠲ᠋ᠮᠢᠰᠲ᠋ᠷ ᠠᠬᠠᠯᠠᠬᠤ ᠰᠤᠷᠭᠠᠭᠴᠢ ᠸᠠᠰᠢᠯᠢᠶᠧᠹ᠂ ᠲᠡᠷᠡ ᠰᠤᠷᠭᠠᠭᠴᠢ ᠶ᠋ᠢᠨ ᠵᠦᠭ ᠬᠠᠨᠳᠤᠵᠤ᠂
— ᠡᠨᠡ ᠴᠡᠷᠢᠭ ᠢ᠋ ᠦᠵᠡᠪᠡᠯ᠂ ᠰᠠᠢᠨ ᠰᠤᠷᠭᠠᠵᠤ᠂ ᠪᠠᠢᠷᠢ ᠪᠠᠢᠳᠠᠯ ᠢ᠋ ᠨᠢ ᠣᠯᠢᠭᠲᠠᠢ ᠰᠢᠦ ᠪᠣᠯᠭᠠᠪᠠᠯ ᠶᠠᠭᠤᠮ᠎ᠠ ᠰᠤᠷᠬᠤ ᠰᠢᠨᠵᠢᠲᠡᠢ ᠤᠯᠤᠰ ᠰᠢᠦ᠂ ᠭᠠᠭᠴᠠ ᠬᠦ᠌ ᠪᠢᠳᠡᠨ ᠦ᠌ ᠡᠨᠡ ᠲᠤᠬᠠᠢ ᠮᠡᠷᠡᠢᠵᠦ ᠴᠡᠷᠢᠭ ᠦ᠋ᠨ ᠪᠠᠢᠳᠠᠯ ᠰᠠᠢᠵᠢᠷᠠᠭᠤᠯᠬᠤ ᠶ᠋ᠢ ᠱᠠᠭᠠᠷᠳᠠᠭᠰᠠᠨ ᠮᠠᠨᠢ ᠣᠳᠣ ᠬᠦᠷᠲᠡᠯ᠎ᠡ ᠶᠠᠪᠤᠴᠠ ᠦᠭᠡᠢ ᠪᠠᠢᠵᠠᠢ᠃ ᠬᠠᠷᠢᠨ ᠥᠨᠥᠳᠥᠷ ᠬᠠᠭᠠᠨ ᠪᠡᠶ᠎ᠡ ᠪᠡᠷ ᠴᠡᠷᠢᠭ ᠢ᠋ ᠦᠵᠡᠵᠦ ᠰᠣᠨᠢᠷᠬᠠᠬᠤ ᠲᠤᠯᠠ᠂ ᠨᠢᠭᠡ ᠤᠬᠠᠭᠠᠨ ᠪᠠᠢᠵᠤ ᠮᠠᠭᠠᠳ ᠦᠭᠡᠢ᠃ ᠭᠡᠪᠡᠴᠦ ᠮᠠᠨᠠᠢ ᠰᠠᠢᠳ ᠳᠠᠷᠤᠭ᠎ᠠ ᠨᠠᠷ ᠤ᠋ᠨ ᠪᠠᠢᠳᠠᠯ ᠢ᠋ ᠦᠵᠡᠪᠡᠯ ᠪᠢ ᠬᠤᠪᠢ ᠳ᠋ᠠᠭᠠᠨ ᠭᠣᠷᠢ ᠲᠠᠰᠤᠷᠠᠯ᠎ᠠ᠃ ᠶᠠᠭᠤ ᠴᠤ᠌ ᠪᠣᠯᠤᠭᠰᠠᠨ ᠵᠥᠭᠡᠯᠡᠨ ᠤᠰᠤ ᠳᠤᠰᠤᠯᠤᠨ ᠳᠤᠰᠤᠯᠤᠭᠰᠠᠭᠠᠷ ᠬᠠᠲᠠᠭᠤ ᠴᠢᠯᠠᠭᠤ ᠶ᠋ᠢ ᠨᠦᠬᠡᠯᠡᠳᠡᠭ ᠭᠡᠭᠴᠢ ᠶ᠋ᠢᠨ ᠦᠯᠢᠭᠡᠷ ᠢ᠋ᠶ᠋ᠡᠷ ᠳᠠᠬᠢᠨ ᠳᠠᠪᠲᠠᠨ ᠰᠠᠨᠠᠯ ᠬᠦᠰᠡᠯᠲᠡ ᠣᠷᠣᠭᠤᠯᠤᠭᠠᠳ ᠪᠠᠢᠪᠠᠯ᠂ ᠶᠠᠭᠠᠬᠢᠳᠠᠭ ᠪᠣᠯ? ᠣᠳᠣ ᠴᠡᠷᠢᠭ ᠢ᠋ ᠠᠮᠠᠷᠠᠭᠠᠶ᠎ᠠ᠃ ᠮᠣᠷᠳᠠᠬᠤ ᠶ᠋ᠢᠨ ᠡᠮᠦᠨ᠎ᠡ ᠲᠦᠷ ᠠᠮᠤᠰᠬᠢᠵᠦ᠂ ᠴᠠᠢ ᠬᠣᠭᠣᠯᠠ ᠪᠠᠨ ᠤᠤᠭᠤᠵᠤ ᠢᠳᠡᠭᠡᠳ ᠶᠠᠪᠤᠭ᠃ ᠪᠢ ᠬᠣᠶᠠᠳᠤᠭᠠᠷ᠂ ᠭᠤᠷᠪᠠᠳᠤᠭᠠᠷ ᠰᠤᠮᠤ ᠶ᠋ᠢ ᠰᠢᠯᠭᠠᠵᠤ ᠦᠵᠡᠭᠡᠳ᠂ ᠥᠨᠥᠳᠥᠷ ᠪᠡᠶ᠎ᠡ ᠶ᠋ᠢᠨ ᠰᠤᠷᠭᠠᠭᠤᠯᠢ ᠠ᠋ᠴᠠ ᠴᠢᠯᠥᠭᠡᠯᠡᠵᠦ ᠠᠮᠠᠷᠠᠭᠤᠯᠤᠭᠰᠠᠨ ᠭᠡᠵᠦ ᠬᠡᠯᠡᠪᠡ᠃
* * *
ᠮᠣᠷᠢᠨ ᠴᠠᠭ ᠲᠤ᠌ ᠭᠤᠷᠪᠠ ᠭᠤᠷᠪᠠ ᠪᠠᠷ ᠵᠡᠷᠭᠡᠴᠡᠨ ᠵᠢᠭᠰᠠᠭᠰᠠᠨ ᠴᠡᠷᠢᠭ ᠦ᠋ᠨ ᠤᠷᠲᠤ ᠵᠢᠭᠰᠠᠭᠠᠯ ᠬᠤᠵᠢᠷᠪᠤᠯᠤᠩ ᠠ᠋ᠴᠠ ᠭᠠᠷᠴᠤ᠂ ᠬᠦᠷᠢᠶ᠎ᠡ ᠴᠢᠭᠯᠡᠪᠡ᠃ ᠭᠣᠣᠯ ᠳ᠋ᠤᠨᠢ(ᠳ᠋ᠤ᠌ ᠨᠢ)ᠶᠠᠪᠤᠭᠰᠠᠨ ᠴᠡᠷᠢᠭ᠂ ᠴᠠᠭᠠᠨ ᠬᠤᠷᠠᠭᠠᠨ ᠴᠢᠬᠢ ᠲᠡᠢ ᠮᠠᠯᠠᠭᠠᠢ ᠲᠠᠢ᠂ ᠴᠠᠭᠠᠨ ᠮᠣᠷᠢ ᠲᠠᠢ ᠠᠵᠤᠭᠤ᠃ ᠠᠷᠪᠠᠨ ᠴᠡᠷᠢᠭ ᠳᠣᠳᠣᠮ ᠳ᠋ᠤ᠌ ᠮᠣᠩᠭᠣᠯ ᠤᠯᠤᠰ ᠤ᠋ᠨ ᠴᠡᠷᠢᠭ ᠦ᠋ᠨ ᠠᠷᠪᠠᠨ ᠤ᠋ ᠳᠠᠷᠤᠭ᠎ᠠ ᠶ᠋ᠢᠨ ᠬᠢᠭᠢᠷᠢ ᠭᠡᠰᠡᠨ ᠴᠠᠭᠠᠨ ᠳᠠᠪᠤᠤ ᠦᠰᠦᠭ ᠲᠡᠢ᠂ ᠭᠤᠷᠪᠠᠨ ᠪᠦᠴᠡ ᠲᠡᠢ ᠤᠯᠠᠪᠠᠷ(ᠤᠯᠠᠪᠤᠷ) ᠰᠢᠷ᠎ᠠ ᠬᠢᠭᠢᠷᠢ ᠪᠠᠷᠢᠵᠠᠢ᠃ ᠵᠢᠭᠰᠠᠭᠠᠯ ᠤ᠋ᠨ ᠡᠮᠦᠨ᠎ᠡ ᠬᠡᠪᠢᠰ ᠬᠡᠵᠢᠮ ᠲᠡᠢ ᠤᠯᠠᠭᠠᠨ ᠮᠣᠯᠴᠣᠭ ᠲᠠᠢ ᠲᠠᠷᠭᠤᠨ ᠮᠣᠷᠢ ᠤᠨᠤᠭᠰᠠᠨ ᠴᠡᠷᠢᠭ ᠦ᠋ᠨ ᠳᠠᠷᠤᠭ᠎ᠠ ᠳᠠᠭᠠᠮᠠᠯ(ᠳᠠᠭᠠᠭᠠᠮᠠᠯ) ᠵᠢᠭᠰᠠᠵᠤ᠂ ᠲᠡᠳᠡᠨ ᠦ᠌ ᠬᠣᠢᠨ᠎ᠠ ᠠ᠋ᠴᠠ ᠲᠤᠭᠴᠢᠨ ᠪᠦᠷᠢᠶᠡᠴᠢᠨ ᠶᠠᠪᠤᠵᠠᠢ᠃
ᠲᠤᠤᠯᠠ ᠳ᠋ᠠᠬᠢ ᠪᠣᠭᠳᠠ ᠶ᠋ᠢᠨ ᠨᠣᠭᠣᠭᠠᠨ ᠣᠷᠳᠣᠨ ᠤ᠋ ᠲᠡᠨᠳᠡ ᠬᠦᠷᠴᠦ ᠢᠷᠡᠭᠡᠳ᠂ ᠣᠯᠠᠨ ᠴᠡᠷᠢᠭ ᠮᠣᠷᠢᠨ ᠠ᠋ᠴᠠ ᠪᠠᠭᠤᠵᠤ᠂ ᠴᠠᠭᠠᠨ ᠮᠣᠷᠢ ᠲᠠᠢ ᠳᠤᠮᠳᠠᠬᠢ ᠴᠡᠷᠢᠭ ᠨᠢ ᠮᠣᠷᠢ ᠪᠠᠨ ᠲᠤᠱᠠᠵᠤ(ᠲᠤᠰᠢᠵᠤ) ᠬᠠᠨᠲᠠᠢᠷᠤᠭᠠᠳ( ᠬᠠᠨᠲᠠᠢᠷᠠᠭᠠᠳ)᠂ ᠬᠣᠶᠠᠷ ᠬᠠᠵᠠᠭᠤ ᠶ᠋ᠢᠨ ᠴᠡᠷᠢᠭ ᠮᠣᠷᠢ ᠪᠠᠨ ᠳᠤᠮᠳᠠᠬᠢ ᠮᠣᠷᠢᠨ ᠳ᠋ᠤ᠌ ᠬᠣᠯᠪᠣᠵᠤ ᠪᠣᠭᠳᠠ ᠬᠠᠭᠠᠨ ᠤ᠋ ᠵᠠᠯᠠᠷᠠᠨ ᠭᠠᠷᠴᠤ ᠢᠷᠡᠬᠦ ᠶ᠋ᠢ ᠬᠦᠯᠢᠶᠡᠨ᠂ ᠣᠷᠳᠣᠨ ᠤ᠋ ᠡᠮᠦᠨ᠎ᠡ ᠵᠢᠭᠰᠠᠪᠠ᠃
ᠬᠦᠷᠢᠶᠡᠨ ᠦ᠌ ᠵᠦᠭ ᠡᠴᠡ ᠲᠥᠷᠥ ᠶ᠋ᠢᠨ ᠵᠢᠭᠰᠠᠭᠠᠯ ᠢ᠋ᠶ᠋ᠠᠷ ᠶᠠᠪᠤᠵᠤ ᠶᠠᠪᠤᠭ᠎ᠠ ᠬᠥᠮᠦᠨ ᠦᠵᠡᠭᠳᠡᠵᠦ᠂ ᠡᠬᠢᠨ ᠳ᠋ᠦ᠍ᠨᠢ (ᠳ᠋ᠦ᠍ ᠨᠢ)ᠬᠣᠶᠠᠷ ᠮᠣᠷᠢ ᠲᠠᠢ ᠬᠥᠮᠦᠨ ᠵᠢᠭᠰᠠᠭᠠᠯ ᠢ᠋ ᠤᠳᠤᠷᠢᠳᠴᠤ᠂ ᠲᠡᠳᠡᠨ ᠦ᠌ ᠬᠣᠢᠨ᠎ᠠ ᠠ᠋ᠴᠠ ᠨᠠᠢ᠍ᠮᠠᠨ ᠴᠢᠭᠢᠷᠠᠭ ᠡᠷ᠎ᠡ᠂ ᠤᠯᠠᠭᠠᠨ ᠠᠷᠠᠯ ᠳᠠᠮᠨᠠᠭᠤᠷ ᠲᠠᠢ᠂ ᠲᠣᠭᠣᠯᠭᠠᠨ ᠵᠢᠩᠰᠡᠲᠦ᠂ ᠨᠣᠭᠣᠭᠠᠨ ᠥᠩᠭᠡ ᠶ᠋ᠢᠨ ᠬᠥᠰᠢᠭ(ᠬᠥᠰᠢᠭᠡ) ᠳᠡᠭᠡᠪᠦᠷᠲᠦ ᠰᠡᠦᠬᠡ ᠳᠠᠮᠨᠠᠵᠠᠢ᠃ ᠰᠡᠦᠬᠡ ᠶ᠋ᠢᠨ ᠬᠣᠢᠨ᠎ᠠ ᠠ᠋ᠴᠠ ᠸᠠᠩ ᠤ᠋ᠨ ᠵᠢᠭᠰᠠᠭᠠᠯ ᠳ᠋ᠤ᠌ ᠬᠡᠷᠡᠭᠯᠡᠬᠦ ᠤᠯᠠᠭᠠᠨ ᠲᠣᠷᠭᠠᠨ ᠳ᠋ᠤ᠌ ᠠᠯᠲᠠ ᠰᠦᠷᠰᠢᠭᠰᠡᠨ(ᠰᠦᠷᠴᠢᠭᠰᠡᠨ) ᠰᠢᠬᠦᠷ ᠨᠢᠭᠡ᠂ ᠲᠤᠭ ᠨᠢᠭᠡ᠂ ᠬᠢᠭᠢᠷᠢ ᠨᠠᠢ᠍ᠮᠠ ᠶ᠋ᠢ ᠪᠠᠷᠢᠵᠤ᠂ ᠵᠢᠷᠭᠤᠭᠠᠨ ᠬᠥᠮᠦᠨ ᠳᠠᠭᠠᠯᠳᠤᠵᠠᠢ᠃ ᠲᠡᠳᠡᠨ ᠦ᠌ ᠬᠣᠢᠨ᠎ᠠ ᠠ᠋ᠴᠠ ᠪᠠᠬᠠᠨ ᠬᠣᠯᠠᠬᠠᠨ ᠨᠢᠭᠡᠨ ᠬᠡᠰᠡᠭ ᠲᠦᠰᠢᠮᠡᠳ ᠳᠠᠭᠠᠯᠳᠤᠨ ᠴᠥᠮ ᠵᠢᠩᠰᠡᠲᠦ ᠮᠠᠯᠠᠭᠠᠢ᠂ ᠠᠷᠤ ᠥᠪᠥᠷ ᠲᠡᠭᠡᠨ ᠵᠡᠷᠭᠡ ᠶ᠋ᠢ ᠦᠵᠡᠭᠦᠯᠦᠭᠰᠡᠨ ᠹᠦᠰᠡ ᠬᠠᠲᠠᠭᠰᠠᠨ ᠶᠣᠰᠣᠲᠤ ᠬᠤᠪᠴᠠᠰᠤ ᠡᠮᠦᠰᠴᠡᠢ᠃ ᠤᠷᠳᠤᠨ᠎ᠠ ᠣᠢᠷᠠᠲᠤᠭᠠᠳ᠂ ᠡᠮᠦᠨ᠎ᠡ ᠤᠳᠤᠷᠢᠳᠬᠤ ᠬᠣᠶᠠᠷ ᠬᠥᠮᠦᠨ᠂ ᠬᠠᠭᠠᠨ ᠤ᠋ ᠤᠷᠳᠤᠨ᠎ᠠ ᠣᠢᠷᠠᠳᠬᠤ ᠦᠶᠡᠰ ᠪᠠᠷᠢᠮᠲᠠᠯᠠᠬᠤ ᠬᠠᠤᠯᠢ ᠶ᠋ᠢ ᠳᠠᠭᠠᠵᠤ᠂ ᠰᠡᠦᠬᠡ ᠶ᠋ᠢᠨ ᠠᠷᠤ ᠳ᠋ᠤ᠌ ᠳᠠᠭᠠᠯᠳᠤᠨ ᠵᠢᠭᠰᠠᠪᠠ᠃ ᠴᠢᠩᠭᠢᠭᠡᠳ ᠣᠷᠳᠣᠨ᠎ᠠ ᠣᠢᠷᠠᠲᠤᠮᠠᠭᠴᠠ ᠰᠡᠦᠬᠡ ᠳᠠᠮᠨᠠᠭᠰᠠᠨ ᠬᠥᠮᠦᠰ ᠵᠣᠭᠰᠣᠵᠤ᠂ ᠪᠠᠷ᠎ᠠ ᠪᠣᠯᠤᠭᠴᠢᠳ ᠴᠡᠷᠢᠭ ᠦ᠋ᠨ ᠶᠠᠮᠤᠨ ᠤ᠋ ᠰᠠᠢᠳ ᠳᠠᠯᠠᠢ ᠸᠠᠩ ᠢ᠋ ᠳᠥᠰᠢᠨ ᠭᠠᠷᠭᠠᠭᠰᠠᠨ ᠨᠢ ᠪᠡᠶ᠎ᠡ ᠮᠢᠬᠠᠯᠢᠭ᠂ ᠳᠥᠷᠪᠡᠨ ᠬᠢᠮᠤᠰᠤᠲᠤ ᠯᠤᠤᠲᠤ ᠮᠠᠩᠨᠤᠭ ᠳᠡᠪᠡᠯ᠂ ᠠᠷᠤ ᠥᠪᠥᠷ ᠲᠡᠭᠡᠨ ᠠᠯᠲᠠᠨ ᠰᠣᠶᠣᠩᠪᠣ ᠶ᠋ᠢᠨ ᠲᠥᠭᠥᠷᠢᠭ ᠹᠦᠰᠡ ᠲᠡᠢ᠂ ᠬᠣᠶᠠᠷ ᠮᠥᠷᠦᠨ ᠳᠡᠭᠡᠷ᠎ᠡ ᠪᠡᠨ ᠮᠣᠩᠭᠣᠯ ᠤᠯᠤᠰ ᠤ᠋ᠨ ᠡᠷᠲᠡᠨ ᠦ᠌ ᠪᠡᠯᠭᠡ ᠲᠡᠮᠳᠡᠭ ᠨᠠᠷᠠ ᠰᠠᠷ᠎ᠠ ᠶ᠋ᠢ ᠠᠯᠲᠠ ᠪᠠᠷ ᠬᠠᠳᠬᠤᠮᠠᠯᠯᠠᠭᠰᠠᠨ ᠪᠠᠭ᠎ᠠ ᠲᠥᠭᠥᠷᠢᠭ ᠹᠦᠰᠡ ᠲᠡᠢ᠂ ᠪᠠᠷᠠᠭᠠᠨ ᠥᠩᠭᠡ ᠶ᠋ᠢᠨ ᠬᠦᠷᠮ᠎ᠡ ᠲᠡᠢ᠂ ᠬᠥᠬᠡ ᠣᠷᠣᠢ ᠲᠠᠢ᠂ ᠤᠯᠠᠭᠠᠨ ᠵᠠᠯᠠᠭ᠎ᠠ ᠲᠠᠢ᠂ ᠠᠯᠲᠠᠨ ᠰᠠᠭᠤᠷᠢᠲᠠᠢ ᠨᠠᠯ ᠡᠷᠳᠡᠨᠢ ᠶ᠋ᠢᠨ ᠵᠢᠩᠰᠡᠲᠦ ᠭᠤᠷᠪᠠᠨ ᠨᠢᠳᠦᠲᠦ ᠤᠲᠤᠭ᠎ᠠ ᠲᠠᠢ᠂ ᠸᠠᠩ ᠤ᠋ᠨ ᠬᠠᠷ᠎ᠠ ᠦᠨᠡᠭᠡᠨ ᠮᠠᠯᠠᠭᠠᠢ ᠲᠠᠢ ᠠᠵᠤᠭᠤ᠃
ᠬᠤᠵᠢᠷᠪᠤᠯᠤᠩ ᠤ᠋ᠨ ᠴᠡᠷᠢᠭ ᠦ᠋ᠨ ᠬᠣᠷᠢᠶᠠᠨ ᠤ᠋ ᠵᠠᠬᠢᠷᠤᠯ ᠳᠠᠮᠳᠢᠨ ᠲᠡᠷᠢᠭᠦᠨ ᠭᠡᠳᠡᠭ ᠲᠠᠢᠵᠢ᠂
— ᠨᠣᠮᠣᠬᠠᠨ᠂ ᠪᠠᠷᠠᠭᠤᠨ ᠲᠠᠰᠢ(ᠲᠠᠢᠰᠢ) ᠵᠡᠷᠭᠡᠴᠡ ᠭᠡᠵᠦ ᠺᠣᠮᠡᠨᠳᠠᠯᠠᠭᠠᠳ᠂ ᠴᠡᠷᠢᠭ ᠦ᠋ᠨ ᠶᠠᠮᠤᠨ ᠤ᠋ ᠰᠠᠢᠳ ᠤ᠋ᠨ ᠵᠦᠭ ᠶᠠᠭᠠᠷᠠᠨ ᠳᠠᠪᠬᠢᠵᠤ᠂ ᠡᠪᠦᠳᠦᠭ ᠰᠥᠭᠥᠳᠦᠨ ᠶᠣᠰᠣᠯᠠᠭᠠᠳ᠂ ᠬᠤᠵᠢᠷᠪᠤᠯᠤᠩ ᠠ᠋ᠴᠠ ᠭᠤᠷᠪᠠᠨ ᠰᠤᠮᠤᠨ ᠴᠡᠷᠢᠭ ᠪᠣᠭᠳᠠ ᠡᠵᠡᠨ ᠬᠠᠭᠠᠨ ᠳ᠋ᠤ᠌ ᠮᠥᠷᠭᠥᠬᠦ ᠪᠡᠷ ᠢᠷᠡᠭᠰᠡᠨ ᠢ᠋ ᠰᠠᠢᠳ ᠲᠤ᠌ ᠠᠢᠯᠠᠳᠬᠠᠪᠠ᠃
ᠰᠠᠢᠳ ᠳᠠᠯᠠᠢ ᠸᠠᠩ᠂ ᠪᠠᠷ᠎ᠠ ᠪᠣᠯᠤᠭᠴᠢᠳ ᠢ᠋ ᠳᠠᠭᠠᠭᠤᠯᠤᠨ ᠴᠡᠷᠢᠭ ᠦ᠋ᠨ ᠵᠢᠭᠰᠠᠭᠠᠯ ᠤ᠋ᠨ ᠡᠮᠦᠨᠡᠭᠦᠷ ᠶᠠᠪᠤᠵᠤ᠂ ᠲᠣᠭᠣᠮᠰᠠᠷ ᠦᠭᠡᠢ ᠮᠡᠨᠳᠦᠯᠡᠭᠡᠳ᠂ ᠣᠷᠳᠣᠨ ᠤ᠋ ᠬᠠᠭᠠᠯᠭᠠᠨ ᠤ᠋ ᠵᠦᠭ ᠣᠳᠴᠤ ᠳᠣᠲᠣᠭᠰᠢ ᠣᠷᠣᠭᠰᠠᠨ ᠳ᠋ᠤ᠌᠂ ᠪᠠᠷ᠎ᠠ ᠪᠣᠯᠤᠭᠴᠢᠳ ᠭᠠᠳᠠᠭ᠎ᠠ ᠬᠠᠢᠰᠠᠩ ᠤ᠋ᠨ ᠬᠠᠵᠠᠭᠤ ᠳ᠋ᠤ᠌ ᠬᠣᠴᠣᠷᠪᠠ᠃
ᠰᠢᠷᠴᠢᠨ ᠦ᠌ ᠳᠡᠷᠭᠡᠳᠡ ᠵᠣᠭᠰᠣᠵᠤ ᠪᠠᠢᠭᠰᠠᠨ ᠡᠪᠦᠭᠡᠨ ᠴᠡᠷᠢᠭ᠂
— ᠬᠠᠷᠠᠪᠠᠤ? ᠡᠨᠡ ᠪᠣᠯ ᠴᠡᠷᠢᠭ ᠦ᠋ᠨ ᠶᠠᠮᠤᠨ ᠤ᠋ ᠰᠠᠢᠳ ᠳᠠᠯᠠᠢ ᠸᠠᠩ ᠭᠡᠳᠡᠭ ᠪᠢᠯᠡ᠃ ᠡᠨᠡ ᠬᠥᠮᠦᠨ ᠬᠡᠳᠦᠨ ᠵᠢᠰᠤᠷ ᠪᠢᠯᠳᠠᠤ ᠪᠠᠷ᠎ᠠ ᠪᠣᠯᠤᠭᠴᠢᠳ ᠤ᠋ᠨ ᠬᠠᠮᠲᠤ ᠪᠢᠳᠡᠨ ᠦ᠌ ᠬᠡᠷᠡᠭᠯᠡᠯ ᠡᠴᠡ ᠲᠣᠨᠣᠵᠤ ᠪᠠᠶᠠᠵᠢᠨ᠂ ᠪᠢᠳᠡ ᠨᠢ ᠬᠦᠢᠲᠡᠨ ᠳ᠋ᠦ᠍ ᠲᠠᠭᠠᠷᠠᠵᠤ᠂ ᠡᠯᠵᠢᠭᠡ᠂ ᠢᠮᠠᠭᠠᠨ ᠤ᠋ ᠵᠣᠪᠠᠯᠭ᠎ᠠ ᠢᠳᠡᠵᠦ ᠪᠠᠢᠭ᠎ᠠ ᠶᠤᠮ ᠰᠢᠦ ᠳᠡ᠃ ᠠᠶ᠎ᠠ᠂ ᠪᠣᠭᠳᠠ ᠬᠠᠭᠠᠨ ᠡᠭᠦᠨ ᠢ᠋ ᠭᠡᠭᠡᠨ ᠳ᠋ᠦ᠍ ᠪᠡᠨ ᠲᠣᠯᠢᠯᠠᠨ ᠠᠢᠯᠠᠳᠪᠠᠯ ᠶᠠᠭᠤ ᠪᠢᠯᠡ ᠭᠡᠪᠡ᠃
ᠨᠣᠭᠣᠭᠠᠨ ᠣᠷᠳᠣᠨ ᠤ᠋ ᠳᠡᠭᠡᠳᠦ ᠳᠠᠪᠬᠤᠷᠯᠢᠭ ᠤ᠋ᠨ ᠬᠠᠢᠰᠠᠩᠲᠦ ᠲᠠᠪᠴᠠᠩ ᠤ᠋ᠨ ᠬᠠᠭᠠᠯᠭ᠎ᠠ ᠨᠡᠭᠡᠭᠡᠭᠳᠡᠵᠦ᠂ ᠤᠯᠠᠭᠠᠨ ᠬᠤᠪᠴᠠᠰᠤᠲᠤ ᠯᠠᠮᠠ ᠨᠠᠷ ᠬᠣᠶᠠᠷ ᠲᠦᠰᠢᠯᠭᠡᠲᠦ ᠰᠠᠨᠳᠠᠯᠢ ᠭᠠᠷᠭᠠᠵᠤ ᠲᠠᠯᠪᠢᠪᠠ᠃ ᠣᠯᠠᠨ ᠴᠡᠷᠢᠭ ᠪᠣᠭᠳᠠ ᠬᠠᠭᠠᠨ ᠮᠣᠷᠢᠯᠠᠬᠤ ᠨᠢ ᠭᠡᠵᠦ ᠰᠢᠪᠡᠨᠡᠯᠳᠦᠪᠡ᠃ ᠭᠡᠪᠡᠴᠦ ᠲᠡᠷᠡ ᠬᠠᠢᠰᠠᠩᠲᠤ ᠲᠠᠪᠴᠠᠩ ᠤ᠋ᠨ ᠬᠠᠭᠠᠯᠭ᠎ᠠ ᠨᠡᠭᠡᠭᠡᠭᠳᠡᠵᠦ ᠳᠠᠪᠬᠤᠷᠯᠢᠭ ᠪᠠᠢᠰᠢᠩ ᠠ᠋ᠴᠠ ᠭᠣᠶᠣ ᠰᠠᠢᠬᠠᠨ ᠬᠤᠪᠴᠠᠰᠤ ᠲᠠᠢ᠂ ᠰᠤᠪᠤᠳ ᠡᠷᠳᠡᠨᠢ ᠵᠡᠭᠦᠭᠰᠡᠨ ᠮᠢᠬᠠᠯᠢᠭ ᠬᠠᠲᠤᠨ ᠳᠠᠭᠠᠭᠤᠯᠤᠭᠰᠠᠨ᠂ ᠥᠲᠡᠯᠦᠭᠰᠡᠨ ᠣᠪᠣᠷ ᠲᠠᠢ᠂ ᠰᠢᠷ᠎ᠠ ᠲᠣᠷᠭᠠᠨ ᠳᠡᠪᠡᠯ᠂ ᠪᠤᠯᠠᠭᠠᠨ ᠮᠠᠯᠠᠭᠠᠢ ᠲᠠᠢ ᠨᠢᠭᠡᠨ ᠬᠥᠮᠦᠨ ᠢ᠋ ᠭᠠᠷᠴᠤ ᠢᠷᠡᠲᠡᠯ᠎ᠡ ᠨᠡᠯᠢᠶᠡᠳ ᠤᠳᠠᠪᠠ᠃ ᠲᠡᠷᠡ ᠬᠣᠶᠠᠷ ᠤ᠋ᠨ ᠬᠣᠢᠨ᠎ᠠ ᠠ᠋ᠴᠠ ᠴᠡᠷᠢᠭ ᠦ᠋ᠨ ᠶᠠᠮᠤᠨ ᠤ᠋ ᠰᠠᠢᠳ᠂ ᠪᠣᠭᠳᠠ ᠬᠠᠭᠠᠨ ᠤ᠋ ᠲᠦᠰᠢᠯᠭᠡᠲᠦ ᠰᠠᠨᠳᠠᠯᠢ ᠶ᠋ᠢᠨ ᠠᠷᠤ ᠳ᠋ᠤ᠌ ᠵᠣᠭᠰᠣᠬᠤ ᠬᠡᠰᠢᠭ ᠬᠦᠷᠲᠡᠭᠰᠡᠨ ᠳ᠋ᠡᠭᠡᠨ ᠲᠡᠰᠬᠡᠯ ᠦᠭᠡᠢ ᠪᠠᠶᠠᠷᠯᠠᠨ ᠭᠠᠷᠴᠤ ᠢᠷᠡᠪᠡ᠃ ᠳᠠᠪᠬᠤᠷᠯᠢᠭ ᠪᠠᠢᠰᠢᠩ ᠤ᠋ᠨ ᠬᠠᠢᠰᠠᠩᠲᠤ ᠲᠠᠪᠴᠠᠩ ᠤ᠋ᠨ ᠳᠣᠣᠷ᠎ᠠ ᠵᠣᠭᠰᠣᠵᠤ ᠪᠠᠢᠭᠰᠠᠨ ᠬᠡᠳᠦᠨ ᠯᠠᠮᠠ ᠨᠠᠷ ᠰᠡᠩᠳᠡᠨ ᠮᠡᠩᠳᠡᠨ ᠦᠢᠮᠡᠯᠳᠦᠪᠡ᠃ ᠲᠡᠷᠡ ᠰᠢᠷ᠎ᠠ ᠳᠡᠪᠡᠯᠲᠦ ᠬᠥᠭᠰᠢᠨ ᠣᠪᠣᠷ ᠲᠠᠢ ᠬᠥᠮᠦᠨ ᠰᠤᠯᠠᠬᠠᠨ ᠳᠠᠭᠤᠨ ᠢ᠋ᠶ᠋ᠠᠷ᠂
— ᠣᠯᠠᠨ ᠴᠡᠷᠢᠭ ᠪᠦᠭᠦᠳᠡ ᠰᠠᠢᠨ ᠪᠠᠢᠨᠠᠤ? ᠬᠡᠮᠡᠪᠡᠰᠦ᠂
— ᠰᠠᠢᠨ! ᠭᠡᠵᠦ ᠨᠢᠭᠡᠨ ᠵᠡᠷᠭᠡ ᠨᠢᠷ ᠭᠡᠵᠦ ᠬᠠᠷᠢᠭᠤᠯᠪᠠ᠃
— ᠳᠠᠷᠤᠭ᠎ᠠ ᠨᠠᠷ ᠣᠷᠣᠭᠰᠢ ᠳᠠᠪᠰᠢᠨ ᠭᠠᠷᠴᠤ ᠨᠠᠮᠠᠶ᠋ᠢ ᠳᠠᠭᠠᠭᠠᠳ ᠶᠠᠪᠤ ᠭᠡᠵᠦ ᠳᠠᠮᠳᠢᠨ ᠲᠡᠷᠢᠭᠦᠨ ᠲᠤᠰᠢᠶᠠᠪᠠ᠃
ᠪᠣᠭᠳᠠ ᠶ᠋ᠢᠨ ᠲᠦᠰᠢᠯᠭᠡᠲᠦ ᠰᠠᠨᠳᠠᠯᠢ ᠶ᠋ᠢᠨ ᠠᠷᠤ ᠳ᠋ᠤ᠌ ᠵᠣᠭᠰᠣᠵᠤ ᠪᠠᠢᠭᠰᠠᠨ ᠤᠯᠠᠭᠠᠨ ᠲᠣᠷᠭᠠᠨ ᠳᠡᠪᠡᠯ ᠲᠡᠢ ᠯᠠᠮᠠ᠂ ᠤᠷᠲᠤ ᠨᠠᠩᠵᠢᠳ ᠬᠠᠳᠠᠭ ᠵᠠᠯᠭᠠᠭᠰᠠᠨ ᠤ᠋ ᠦᠵᠦᠭᠦᠷ ᠲᠦ᠍ ᠤᠶᠠᠭᠰᠠᠨ ᠰᠤᠩᠳᠠᠭ ᠢ᠋ ᠤᠨᠵᠢᠭᠤᠯᠤᠨ ᠳᠣᠭᠣᠭᠰᠢ ᠪᠠᠭᠤᠯᠭᠠᠪᠠᠰᠤ᠂ ᠳᠠᠪᠬᠤᠷᠯᠢᠭ ᠪᠠᠢᠰᠢᠩ ᠤ᠋ᠨ ᠲᠠᠪᠴᠠᠩ ᠦᠨ ᠳᠣᠣᠷ᠎ᠠ ᠵᠣᠭᠰᠣᠵᠤ ᠪᠠᠢᠭᠰᠠᠨ ᠯᠠᠮᠠ ᠰᠤᠩᠳᠠᠭ ᠢ᠋ ᠪᠠᠷᠢᠵᠤ᠂ ᠴᠡᠴᠡᠷᠯᠢᠭ ᠦ᠋ᠨ ᠬᠠᠢᠰᠠᠩ ᠤ᠋ᠨ ᠵᠦᠭ ᠣᠳᠪᠠ᠃ ᠰᠤᠩᠳᠠᠭ ᠤ᠋ᠨ ᠪᠠᠷᠢᠭᠤᠯ ᠤ᠋ᠨ ᠨᠢᠭᠡᠨ ᠦᠵᠦᠭᠦᠷ ᠨᠢ ᠮᠥᠩᠭᠥᠨ ᠮᠠᠲᠠᠷ ᠤ᠋ᠨ ᠠᠮᠠᠨ ᠠ᠋ᠴᠠ ᠳᠣᠲᠣᠷ᠎ᠠ ᠪᠠᠨ ᠨᠣᠮ ᠳᠠᠷᠤᠮᠠᠯᠯᠠᠭᠰᠠᠨ ᠬᠤᠢᠯᠠᠮᠠᠯ ᠴᠠᠭᠠᠰᠤ ᠲᠠᠢ᠂ ᠪᠥᠭᠡᠷᠡᠩᠬᠡᠢ ᠬᠤᠨᠵᠢᠭᠤᠷ ᠪᠣᠷᠲᠣᠭᠣ ᠰᠢᠭ᠋ ᠶᠠᠭᠤᠮ᠎ᠠ ᠤᠨᠵᠢᠭᠤᠯᠤᠭᠰᠠᠨ ᠬᠡᠯᠪᠡᠷᠢᠲᠡᠢ ᠠᠵᠤᠭᠤ᠃ ᠰᠤᠩᠳᠠᠭ ᠪᠠᠷᠢᠭᠰᠠᠨ ᠯᠠᠮᠠ ᠶ᠋ᠢᠨ ᠬᠣᠢᠨ᠎ᠠ ᠠ᠋ᠴᠠ ᠪᠠᠰᠠ ᠪᠣᠭᠳᠠ ᠶ᠋ᠢᠨ ᠠᠳᠢᠰᠯᠠᠭᠰᠠᠨ ᠪᠥᠭᠡᠮ ᠵᠠᠩᠭᠢᠶ᠎ᠠ ᠪᠠᠷᠢᠭᠰᠠᠨ ᠯᠠᠮᠠ ᠳᠠᠭᠠᠵᠤ᠂ ᠳᠠᠪᠬᠤᠷᠯᠢᠭ ᠪᠠᠢᠰᠢᠩ ᠤ᠋ᠨ ᠬᠠᠢᠰᠠᠩᠲᠤ ᠲᠠᠪᠴᠠᠩ ᠳᠡᠭᠡᠷ᠎ᠡ ᠰᠠᠭᠤᠵᠤ ᠪᠠᠢᠭᠰᠠᠨ ᠪᠣᠭᠳᠠ ᠶ᠋ᠢ ᠰᠤᠩᠳᠠᠭ ᠤ᠋ᠨ ᠦᠵᠦᠭᠦᠷ ᠡᠴᠡ ᠤᠶᠠᠭᠰᠠᠨ ᠬᠠᠳᠠᠭ ᠢ᠋ ᠪᠠᠷᠢᠮᠠᠭᠴᠠ᠂ ᠳᠣᠣᠷ᠎ᠠ ᠴᠡᠴᠡᠷᠯᠢᠭ ᠦ᠋ᠨ ᠬᠠᠢᠰᠠᠩ ᠤ᠋ᠨ ᠲᠡᠨᠳᠡ ᠰᠤᠩᠳᠠᠭ ᠪᠠᠷᠢᠵᠤ ᠪᠠᠢᠭᠰᠠᠨ ᠯᠠᠮᠠ᠂ ᠴᠡᠷᠢᠭ ᠦ᠋ᠨ ᠶᠠᠮᠤᠨ ᠤ᠋ ᠰᠠᠢᠳ ᠳᠠᠯᠠᠢ ᠸᠠᠩ ᠢ᠋ ᠳᠠᠭᠠᠯᠳᠤᠨ ᠢᠷᠡᠭᠰᠡᠨ ᠲᠦᠰᠢᠮᠡᠯ ᠳ᠋ᠦ᠍ ᠠᠳᠢᠰ ᠬᠦᠷᠲᠡᠭᠡᠨ᠂ ᠲᠡᠳᠡᠨ ᠦ᠌ ᠬᠣᠢᠨ᠎ᠠ ᠠ᠋ᠴᠠ ᠳᠠᠮᠳᠢᠨ ᠲᠡᠷᠢᠭᠦᠨ ᠢ᠋ ᠳᠠᠭᠠᠵᠤ᠂ ᠴᠡᠷᠢᠭ ᠦ᠋ᠨ ᠳᠠᠷᠤᠭ᠎ᠠ ᠨᠠᠷ ᠴᠤᠪᠤᠷᠠᠨ ᠠᠳᠢᠰ ᠭᠥᠷᠳᠡᠵᠡᠭᠡᠪᠡ᠃ ᠡᠭᠦᠨ ᠳ᠋ᠦ᠍᠂ ᠬᠠᠳᠠᠭ ᠤ᠋ᠨ ᠦᠵᠦᠭᠦᠷ ᠡᠴᠡ ᠪᠣᠭᠳᠠ ᠪᠠᠷᠢᠵᠤ ᠪᠠᠢᠭ᠎ᠠ ᠨᠢ᠂ ᠲᠡᠭᠦᠨ ᠦ᠌ ᠠᠳᠢᠰ ᠴᠠᠬᠢᠯᠭᠠᠨ ᠭᠦᠶᠦᠳᠡᠯ ᠤᠲᠠᠰᠤ ᠪᠠᠷ ᠭᠦᠶᠦᠳᠡᠭ ᠲᠡᠢ ᠳ᠋ᠦ᠍ ᠠᠳᠠᠯᠢ᠂ ᠬᠠᠳᠠᠭ ᠢ᠋ᠶ᠋ᠠᠷ ᠰᠤᠩᠳᠠᠭ ᠲᠤ᠌ ᠣᠷᠣᠵᠤ᠂ ᠰᠤᠩᠳᠠᠭ ᠤ᠋ᠨ ᠮᠠᠲᠠᠷ ᠤ᠋ᠨ ᠠᠮᠠᠨ ᠠ᠋ᠴᠠ ᠤᠨᠵᠢᠭᠰᠠᠨ ᠪᠣᠷᠲᠣᠭᠣ ᠰᠢᠭ᠋ ᠶᠠᠭᠤᠮ᠎ᠠ ᠨᠢ ᠬᠥᠮᠦᠨ ᠦ᠌ ᠲᠣᠯᠣᠭᠠᠢ ᠬᠦᠷᠦᠮᠡᠭᠴᠡ ᠠᠳᠢᠰ ᠬᠦᠷᠲᠡᠭᠰᠡᠨ ᠪᠣᠯᠬᠤ ᠨᠢ ᠴᠠᠬᠢᠯᠭᠠᠨ ᠢ᠋ ᠰᠢᠵᠢᠮ ᠤᠲᠠᠰᠤ ᠪᠠᠷ ᠭᠦᠶᠦᠯᠭᠡᠬᠦ ᠠᠷᠭ᠎ᠠ ᠶ᠋ᠢ ᠣᠯᠬᠤ ᠠ᠋ᠴᠠ ᠡᠮᠦᠨ᠎ᠡ《ᠠᠳᠢᠰ ᠢ᠋ ᠰᠢᠵᠢᠮ ᠢ᠋ᠶ᠋ᠡᠷ ᠭᠦᠶᠦᠯᠭᠡᠬᠦ》 ᠠᠷᠭ᠎ᠠ ᠶ᠋ᠢ ᠣᠯᠤᠭᠰᠠᠨ ᠠᠵᠢ᠃ ᠰᠤᠩᠳᠠᠭ ᠤ᠋ᠨ ᠠᠳᠢᠰ ᠢ᠋ ᠬᠦᠷᠲᠡᠭᠰᠡᠨ ᠬᠥᠮᠦᠨ ᠪᠦᠬᠦᠨ ᠳ᠋ᠦ᠍ ᠰᠤᠩᠳᠠᠭᠴᠢ ᠯᠠᠮᠠ ᠶ᠋ᠢᠨ ᠳᠡᠷᠭᠡᠳᠡ ᠵᠣᠭᠰᠣᠵᠤ ᠪᠠᠢᠭᠰᠠᠨ ᠵᠠᠩᠭᠢᠶᠠᠴᠢ ᠯᠠᠮᠠ ᠨᠢᠭᠡᠨ ᠰᠢᠷᠬᠡᠭ ᠵᠠᠩᠭᠢᠶ᠎ᠠ ᠠᠪᠴᠤ᠂ ᠠᠳᠢᠰ ᠠᠪᠤᠭᠰᠠᠨ ᠬᠥᠮᠦᠨ ᠦ᠌ ᠬᠦᠵᠦᠭᠦᠨ᠎ᠡ ᠲᠠᠯᠪᠢᠬᠤ ᠠᠵᠤᠭᠤ᠃
ᠪᠣᠭᠳᠠ᠂ ᠬᠡᠳᠦᠨ ᠲᠦᠰᠢᠮᠡᠯ᠂ ᠴᠡᠷᠢᠭ ᠦ᠋ᠨ ᠳᠠᠷᠤᠭ᠎ᠠ ᠨᠠᠷ ᠢ᠋ ᠰᠤᠩᠳᠠᠭ ᠢ᠋ᠶ᠋ᠠᠷ ᠠᠳᠢᠰᠯᠠᠭᠠᠳ ᠬᠠᠳᠠᠭ ᠤ᠋ᠨ ᠦᠵᠦᠭᠦᠷ ᠢ᠋ ᠪᠠᠷᠢᠭᠰᠠᠭᠠᠷ ᠪᠣᠰᠴᠤ ᠳᠣᠲᠣᠭᠰᠢ ᠣᠷᠣᠪᠠᠯ᠂ ᠤᠯᠤᠰ ᠤ᠋ᠨ ᠡᠬᠡ ᠳᠠᠭᠢᠨᠢ ᠬᠣᠢᠨ᠎ᠠ ᠠ᠋ᠴᠠ ᠨᠢ ᠳᠠᠭᠠᠵᠤ ᠣᠷᠣᠪᠠ᠃ ᠲᠦᠰᠢᠯᠭᠡᠲᠦ ᠬᠣᠶᠠᠷ ᠰᠠᠨᠳᠠᠯᠢ ᠶ᠋ᠢᠨ ᠠᠷᠤ ᠳ᠋ᠤ᠌ ᠵᠣᠭᠰᠣᠵᠤ ᠪᠠᠢᠭᠰᠠᠨ ᠰᠠᠢᠳ ᠳᠠᠯᠠᠢ ᠸᠠᠩ᠂ ᠰᠢᠳᠠᠷ ᠪᠠᠷ᠎ᠠ ᠪᠣᠯᠤᠭᠴᠢ ᠳᠡᠷᠭᠡᠳᠡ ᠶ᠋ᠢᠨ ᠯᠠᠮᠠ ᠬᠣᠶᠠᠷ ᠬᠠᠮᠤᠭ ᠤ᠋ᠨ ᠰᠡᠭᠦᠯ ᠳ᠋ᠦ᠍ ᠳᠣᠲᠣᠭᠰᠢ ᠣᠷᠣᠵᠤ᠂ ᠳᠠᠮᠳᠢᠨ ᠲᠡᠷᠢᠭᠦᠨ ᠦ᠌ ᠲᠤᠰᠢᠶᠠᠯ ᠢ᠋ᠶ᠋ᠠᠷ ᠴᠡᠷᠢᠭ ᠴᠤᠪᠤᠷᠠᠨ ᠵᠢᠭᠰᠠᠵᠤ᠂ ᠰᠤᠩᠳᠠᠭ ᠤ᠋ᠨ ᠠᠳᠢᠰ ᠭᠥᠷᠳᠡᠵᠡᠭᠡᠪᠡ᠃
— ᠪᠢᠳᠡᠨ ᠳ᠋ᠦ᠍ ᠬᠦᠷᠦᠮᠡᠭᠴᠡ᠂ ᠪᠣᠭᠳᠠ ᠬᠦᠷᠲᠡᠯ᠎ᠡ ᠪᠣᠰᠤᠭᠠᠳ ᠶᠠᠪᠤᠴᠢᠬᠠᠳᠠᠭ ᠪᠠᠢᠨ᠎ᠠ ᠠ᠋᠂ ᠨᠣᠶᠠᠳ ᠳᠠᠷᠤᠭ᠎ᠠ ᠨᠠᠷ᠂ ᠪᠣᠭᠳᠠ ᠳ᠋ᠤ᠌ ᠬᠦᠷᠲᠡᠯ᠎ᠡ ᠨᠢᠭᠤᠷ ᠲᠠᠢ ᠲᠠᠯ᠎ᠠ ᠲᠠᠢ ᠪᠠᠢᠳᠠᠭ ᠶᠤᠮ ᠪᠠᠢᠵᠠᠢ ᠳᠠ ᠭᠡᠵᠦ ᠰᠢᠷᠴᠢᠨ ᠦ᠌ ᠳᠡᠷᠭᠡᠳᠡᠬᠢ ᠨᠢᠭᠡᠨ ᠴᠡᠷᠢᠭ ᠰᠢᠪᠡᠨᠡᠪᠡ᠃
— ᠳᠤᠭᠤᠢ! ᠭᠡᠵᠦ ᠡᠪᠦᠭᠡᠨ ᠴᠡᠷᠢᠭ᠂ ᠲᠡᠭᠦᠨ ᠢ᠋ ᠠᠭᠤᠷ ᠲᠠᠢ ᠪᠠᠷ ᠰᠢᠪᠡᠨᠡᠨ ᠭᠢᠯᠤᠢᠨ ᠬᠠᠷᠠᠭᠠᠳ᠂ ᠡᠨᠡ ᠬᠦᠢᠲᠡᠨ ᠳ᠋ᠦ᠍ ᠭᠠᠳᠠᠭ᠎ᠠ ᠭᠣᠣᠯ ᠤ᠋ᠨ ᠵᠢᠪᠠᠷ ᠲᠤ᠌ ᠰᠠᠭᠤᠬᠤ ᠳ᠋ᠤ᠌ ᠳᠡᠭᠡᠷᠡᠬᠢ ᠶ᠋ᠢᠨ ᠭᠡᠭᠡᠭᠡᠨᠲᠡᠨ(ᠭᠡᠭᠡᠨᠲᠡᠨ) ᠲᠠᠭᠠᠷᠠᠵᠤ ᠪᠠᠢᠭ᠎ᠠ ᠶᠤᠮ ᠪᠢᠰᠢᠦ(ᠪᠢᠰᠢ ᠤᠤ)? ᠬᠡᠮᠡᠪᠡᠰᠦ᠂
— ᠪᠢᠳᠡ ᠳᠠᠭᠠᠷᠠᠳᠠᠭ ᠦᠭᠡᠢ ᠶᠦᠮ ᠤᠤ? ᠭᠡᠵᠦ ᠲᠡᠷᠡ ᠴᠡᠷᠢᠭ ᠵᠣᠭᠰᠣᠵᠤ ᠥᠭᠬᠦ ᠦᠭᠡᠢ ᠪᠠᠢᠪᠠ᠃
— ᠪᠢᠲᠡᠭᠡᠢ ᠨᠢᠭᠦᠯ ᠬᠤᠷᠢᠶ᠎ᠠ ᠭᠡᠵᠦ ᠡᠪᠦᠭᠡᠨ ᠴᠡᠷᠢᠭ ᠤᠨᠲᠤᠭᠤᠴᠠᠪᠠ᠃
ᠠᠳᠢᠰ ᠬᠦᠷᠲᠡᠭᠡᠵᠦ ᠪᠠᠢᠭᠰᠠᠨ ᠥᠨᠥᠬᠢ ᠯᠠᠮᠠ᠂ ᠰᠤᠩᠳᠠᠭ(ᠰᠤᠨᠳᠠᠭ) ᠥᠷᠭᠡᠨ ᠣᠯᠠᠨ ᠬᠥᠮᠦᠨ ᠦ᠌ ᠲᠣᠯᠣᠭᠠᠢ ᠳᠡᠭᠡᠷ᠎ᠡ ᠠᠳᠢᠰ ᠳᠡᠯᠪᠢ ᠲᠠᠯᠪᠢᠭᠰᠠᠭᠠᠷ ᠡᠴᠡᠵᠦ᠂ ᠥᠭᠡᠷ᠎ᠡ ᠨᠢᠭᠡᠨ ᠯᠠᠮᠠ᠂ ᠬᠠᠯᠠ(ᠬᠠᠯᠠᠭ᠎ᠠ) ᠶ᠋ᠢ ᠨᠢ ᠠᠪᠤᠪᠠ᠃ ᠠᠳᠢᠰ ᠲᠠᠢ ᠵᠠᠩᠭᠢᠶ᠎ᠠ ᠲᠦᠭᠡᠭᠡᠵᠦ ᠪᠠᠢᠭᠰᠠᠨ ᠯᠠᠮᠠ ᠵᠠᠩᠭᠢᠶ᠎ᠠ ᠪᠠᠨ ᠥᠭᠴᠦ ᠪᠠᠷᠠᠭᠠᠳ᠂ ᠣᠷᠣᠨ ᠳ᠋ᠤᠨᠢ( ᠳ᠋ᠤ᠌ ᠨᠢ) ᠪᠠᠰᠠ ᠨᠢᠭᠡ ᠱᠠᠯᠬᠠᠭᠠᠷ ᠪᠦᠳᠦᠭᠦᠨ ᠯᠠᠮᠠ᠂ ᠪᠥᠭᠡᠮ ᠵᠠᠩᠭᠢᠶ᠎ᠠ ᠪᠠᠷᠢᠵᠤ ᠲᠦᠭᠡᠭᠡᠨ ᠣᠯᠭᠣᠵᠤ ᠡᠬᠢᠯᠡᠪᠡ᠃
— ᠲᠡᠭ (ᠲᠡᠭᠡ) ᠲᠡᠭᠡᠭᠰᠡᠭᠡᠷ ᠰᠤᠩᠳᠠᠭ(ᠰᠤᠨᠳᠠᠭ) ᠤ᠋ᠨ ᠠᠳᠢᠰ ᠬᠦᠷᠲᠡᠭᠡᠵᠦ ᠭᠦᠢᠴᠡᠭᠡᠳ᠂ ᠣᠯᠠᠨ ᠴᠡᠷᠢᠭ᠂ ᠳᠠᠷᠤᠭ᠎ᠠ ᠶ᠋ᠢᠨ ᠲᠤᠰᠢᠶᠠᠯ ᠢ᠋ᠶ᠋ᠠᠷ ᠮᠣᠷᠢᠨ ᠳ᠋ᠠᠭᠠᠨ(ᠳ᠋ᠤ᠌ ᠪᠠᠨ) ᠮᠣᠷᠳᠠᠵᠤ᠂ ᠪᠣᠭᠳᠠ ᠶ᠋ᠢᠨ ᠨᠣᠭᠣᠭᠠᠨ ᠣᠷᠳᠣᠨ ᠢ᠋ ᠨᠠᠷᠠ ᠵᠥᠪ ᠡᠷᠭᠢᠭᠡᠳ᠂ ᠬᠤᠵᠢᠷᠪᠤᠯᠤᠩ ᠳ᠋ᠤ᠌ ᠪᠠᠨ ᠪᠤᠴᠠᠪᠠ᠃
ᠬᠤᠸᠠᠷᠠᠨ ᠳ᠋ᠠᠭᠠᠨ (ᠳ᠋ᠤ᠌ ᠪᠠᠨ) ᠬᠦᠷᠴᠦ ᠢᠷᠡᠭᠡᠳ ᠴᠡᠷᠢᠭ᠂ ᠲᠡᠷᠡ ᠳᠣᠣᠷ᠎ᠠ ᠪᠠᠨ ᠬᠠᠭᠤᠴᠢᠨ ᠤᠷᠠᠩᠬᠠᠢ ᠨᠣᠣᠷᠬᠠᠢ ᠳᠡᠪᠡᠯ ᠬᠠᠭᠤᠴᠢᠨ ᠭᠤᠲᠤᠯ ᠢ᠋ᠶ᠋ᠠᠨ ᠡᠮᠦᠰᠴᠦ᠂ ᠶᠣᠰᠣᠯᠠᠯ ᠤ᠋ᠨ ᠭᠣᠶᠣ ᠳᠡᠪᠡᠯ ᠭᠤᠲᠤᠯ ᠢ᠋ᠶ᠋ᠠᠨ ᠲᠤᠰᠢᠶᠠᠨ ᠬᠠᠳᠠᠭᠠᠯᠠᠵᠤ᠂ ᠳᠠᠬᠢᠨ ᠤᠷᠢᠳᠠ(ᠤᠷᠢᠳ) ᠬᠡᠪ ᠢ᠋ᠶ᠋ᠡᠷ ᠤᠷᠠᠩᠬᠠᠢ ᠨᠣᠣᠷᠬᠠᠢ ᠬᠤᠪᠴᠠᠰᠤᠲᠠᠨ ᠴᠤᠭᠯᠠᠭᠰᠠᠨ ᠭᠠᠵᠠᠷ ᠪᠣᠯᠵᠠᠢ᠃
* * *
ᠰᠢᠷᠴᠢᠨ᠂ ᠰᠠᠢᠳ ᠳᠠᠯᠠᠢ ᠸᠠᠩ ᠤ᠋ᠨ ᠰᠦᠷ ᠪᠠᠳᠠᠷᠠᠭᠤᠯᠤᠭᠰᠠᠨ ᠲᠥᠷᠥ ᠶ᠋ᠢᠨ ᠵᠢᠭᠰᠠᠭᠠᠯ᠂ ᠡᠮᠦᠰᠦᠭᠰᠡᠨ ᠭᠣᠶᠣ ᠮᠠᠩᠨᠤᠭ ᠳᠡᠪᠡᠯ᠂ ᠡᠳᠦᠢ ᠲᠡᠳᠦᠢ ᠬᠥᠮᠦᠨ ᠢ᠋ᠶ᠋ᠡᠷ ᠳᠠᠮᠨᠠᠭᠤᠯᠤᠭᠰᠠᠨ ᠰᠡᠦᠬᠡ ᠶ᠋ᠢ᠂ ᠪᠠᠰᠠ ᠪᠣᠭᠳᠠ ᠶ᠋ᠢᠨ ᠲᠦᠰᠢᠯᠭᠡᠲᠦ ᠰᠠᠨᠳᠠᠯᠢ ᠶ᠋ᠢᠨ ᠠᠷᠤ ᠳ᠋ᠤ᠌ ᠵᠣᠭᠰᠣᠭᠠᠳ᠂ ᠳᠠᠪᠬᠤᠷᠯᠢᠭ ᠪᠠᠢᠰᠢᠩ ᠤ᠋ᠨ ᠲᠠᠪᠴᠠᠩ ᠳᠡᠭᠡᠷ᠎ᠡ ᠡᠴᠡ ᠴᠡᠷᠢᠭ ᠤᠷᠤᠭᠤ ᠲᠤᠩ ᠶᠡᠬᠡ ᠵᠠᠩ ᠲᠠᠢ ᠬᠠᠷᠠᠵᠤ ᠪᠠᠢᠭᠰᠠᠨ ᠢ᠋ ᠨᠢ ᠪᠣᠭᠳᠠ ᠬᠠᠭᠠᠨ ᠡᠬᠡ ᠳᠠᠭᠢᠨᠢ ᠬᠣᠶᠠᠷ ᠢ᠋ ᠬᠠᠷᠠᠭᠰᠠᠨ ᠠ᠋ᠴᠠ ᠢᠯᠡᠭᠦᠦ ᠭᠠᠢᠬᠠᠵᠠᠢ᠃ ᠠᠵᠢᠭᠴᠢ ᠵᠠᠯᠠᠭᠤ ᠬᠦᠦ᠂ ᠶᠡᠬᠡ ᠵᠠᠩ ᠲᠠᠢ ᠰᠠᠢᠳ ᠳᠠᠯᠠᠢ ᠸᠠᠩ ᠢ᠋ ᠡᠬᠡ ᠳᠠᠭᠢᠨᠢ ᠶ᠋ᠢ ᠲᠡᠭᠦᠨ ᠦ᠌ ᠵᠦᠭ ᠡᠷᠭᠢᠬᠦ ᠳ᠋ᠦ᠍ ᠭᠡᠨᠡᠳᠲᠡ ᠮᠠᠰᠢ ᠵᠢᠰᠤᠷᠴᠢ ᠪᠠᠢᠳᠠᠯ ᠲᠠᠢ ᠮᠡᠬᠦᠢᠰᠬᠢᠨ ᠪᠢᠯᠪᠢᠭᠦᠷᠳᠡᠨ ᠢᠨᠢᠶᠡᠮᠰᠦᠭᠯᠡᠭᠰᠡᠨ ᠢ᠋ ᠬᠡᠳᠦᠢᠨ ᠠᠵᠢᠨ ᠬᠠᠷᠠᠵᠤ᠂ ᠣᠷᠣᠢ ᠬᠤᠸᠠᠷᠠᠨ ᠳ᠋ᠠᠭᠠᠨ ᠵᠡᠷᠭᠡᠯᠡᠳᠡᠭᠡ ᠣᠷᠣᠨ ᠳᠡᠭᠡᠷ᠎ᠡ ᠬᠡᠪᠲᠡᠳᠡᠭ ᠡᠪᠦᠭᠡᠨ ᠴᠡᠷᠢᠭ ᠲᠦ᠍ ᠡᠳᠦᠷ ᠦᠵᠡᠭᠰᠡᠨ ᠢ᠋ᠶ᠋ᠡᠨ ᠬᠡᠯᠡᠪᠡᠰᠦ᠂ ᠡᠪᠦᠭᠡᠨ ᠴᠡᠷᠢᠭ ᠭᠠᠰᠢᠭᠤᠨ᠎ᠠ ᠢᠨᠢᠶᠡᠮᠰᠦᠭᠯᠡᠨ ᠥᠭᠦᠯᠡᠷᠦᠨ᠄
— ᠪᠢᠳᠡᠨ ᠦ᠌ ᠡᠮᠦᠨ᠎ᠡ ᠳᠠᠮᠳᠢᠨ ᠲᠡᠷᠢᠭᠦᠨ ᠭᠡᠳᠡᠭ ᠮᠠᠨᠠᠢ ᠳᠠᠷᠤᠭ᠎ᠠ᠂ ᠶᠠᠭᠠᠬᠢᠵᠤ ᠶᠡᠬᠡ ᠵᠠᠩ ᠭᠠᠷᠭᠠᠵᠤ ᠪᠠᠢᠳᠠᠭ ᠢ᠋ ᠴᠢ ᠮᠡᠳᠡᠬᠦ ᠪᠢᠵᠡ ᠳᠡ᠃ ᠣᠳᠣ ᠥᠨᠥᠳᠥᠷ ᠴᠢ ᠲᠡᠭᠦᠨ ᠢ᠋ ᠰᠠᠢᠳ ᠳᠠᠯᠠᠢ ᠸᠠᠩ ᠤ᠋ᠨ ᠡᠮᠦᠨ᠎ᠡ ᠶᠠᠭᠠᠬᠢᠵᠤ ᠪᠠᠢᠭ᠎ᠠ ᠶ᠋ᠢ ᠬᠠᠷᠠᠭᠰᠠᠨ ᠪᠢᠵᠡ ᠳᠡ? ᠪᠠᠰᠠ᠂ ᠰᠠᠢᠳ ᠳᠠᠯᠠᠢ ᠸᠠᠩ᠂ ᠪᠢᠳᠡᠨ ᠳ᠋ᠦ᠍ ᠰᠦᠷ ᠪᠠᠳᠠᠷᠠᠭᠤᠯᠬᠤ ᠮᠥᠷᠲᠡᠭᠡᠨ᠂ ᠲᠡᠭᠦᠨ ᠦ᠌ ᠡᠮᠦᠨ᠎ᠡ ᠵᠢᠰᠤᠷᠳᠠᠵᠤ ᠰᠦᠢᠳ ᠪᠣᠯᠵᠤ ᠪᠠᠢᠭ᠎ᠠ ᠳᠠᠮᠳᠢᠨ ᠲᠡᠷᠢᠭᠦᠨ ᠦ᠌ ᠡᠮᠦᠨ᠎ᠡ ᠶᠠᠮᠠᠷ ᠰᠢᠭ᠋ ᠪᠠᠢᠳᠠᠯ ᠲᠠᠢ ᠪᠠᠢᠭᠰᠠᠨ ᠢ᠋ ᠮᠥᠨ ᠬᠠᠷᠠᠭᠰᠠᠨ ᠪᠢᠵᠡ ᠳᠡ? ᠮᠠᠨᠠᠢ ᠶᠡᠬᠡ ᠪᠠᠭ᠎ᠠ ᠰᠠᠢᠳ ᠳᠠᠷᠤᠭ᠎ᠠ᠂ ᠨᠣᠶᠠᠳ ᠲᠦᠰᠢᠮᠡᠳ ᠡᠢᠮᠦ ᠯᠡ ᠪᠠᠢᠳᠠᠭ ᠶᠤᠮ ᠰᠢᠦ ᠳᠡ᠃
ᠴᠢ ᠪᠣᠳᠣᠭᠠᠳ ᠦᠵᠡ᠂ ᠳᠠᠮᠳᠢᠨ ᠲᠡᠷᠢᠭᠦᠨ᠂ ᠪᠢᠳᠡᠨ ᠦ᠌ ᠡᠮᠦᠨ᠎ᠡ ᠰᠦᠷᠡᠬᠡᠢ ᠪᠠᠢᠳᠠᠭ ᠲᠠᠢ ᠪᠠᠨ ᠠᠳᠠᠯᠢ᠂ ᠰᠠᠢᠳ ᠳᠠᠯᠠᠢ ᠸᠠᠩ ᠤ᠋ᠨ ᠡᠮᠦᠨ᠎ᠡ ᠲᠡᠷᠡ ᠪᠠᠢᠳᠠᠯ ᠢ᠋ᠶ᠋ᠠᠷ ᠢ᠋ᠶ᠋ᠠᠨ ᠪᠠᠢᠪᠠᠯ᠂ ᠬᠡᠴᠢᠨᠡᠨ ᠲᠣᠭᠲᠠᠬᠤ ᠪᠣᠢ? ᠭᠠᠯᠰᠠᠩ ᠮᠡᠢᠷᠡᠨ᠂ ᠲᠦᠪᠰᠢᠨᠵᠢᠷᠭᠠᠯ᠂ ᠭᠣᠨᠴᠣᠭ ᠵᠠᠩᠭᠢ᠂ ᠪᠢᠳᠡᠨ ᠢ᠋ ᠳᠠᠷᠤᠯᠠᠨ ᠵᠣᠪᠠᠭᠠᠳᠠᠭ ᠲᠡᠷᠡ ᠪᠦᠭᠦᠳᠡ ᠬᠠᠷᠭᠢᠰ᠂ ᠪᠡᠶ᠎ᠡ ᠪᠡᠶ᠎ᠡ ᠶ᠋ᠢᠨ ᠭᠡᠳᠡᠰᠦᠨ ᠳ᠋ᠦ᠍ ᠬᠥᠯ ᠢ᠋ᠶ᠋ᠡᠨ ᠴᠢᠬᠢᠯᠴᠡᠵᠦ ᠪᠠᠢᠳᠠᠭ ᠮᠥᠷᠲᠡᠭᠡᠨ ᠪᠦᠭᠦᠳᠡᠭᠡᠷ ᠢ᠋ᠶ᠋ᠡᠨ ᠨᠡᠢᠯᠡᠵᠦ ᠳᠠᠮᠳᠢᠨ ᠲᠡᠷᠢᠭᠦᠨ ᠢ᠋ ᠤᠨᠠᠭᠠᠭᠠᠳ᠂ ᠣᠷᠣᠨ ᠳ᠋ᠤᠨᠢ ᠰᠠᠭᠤᠬᠤ ᠭᠡᠵᠦ ᠤᠯᠠ ᠶ᠋ᠢ ᠨᠢ ᠱᠠᠭᠠᠢᠳᠠᠭ᠃ ᠲᠡᠷᠡ ᠮᠥᠷᠲᠡᠭᠡᠨ ᠳᠠᠮᠳᠢᠨ ᠲᠡᠷᠢᠭᠦᠨ ᠦ᠌ ᠪᠡᠨ ᠡᠮᠦᠨ᠎ᠡ ᠵᠢᠰᠤᠷᠳᠠᠳᠠᠭ ᠨᠢ᠂ ᠳᠠᠮᠳᠢᠨ ᠤ᠋ ᠳᠠᠯᠠᠢ ᠸᠠᠩ ᠤ᠋ᠨ ᠡᠮᠦᠨ᠎ᠡ ᠵᠢᠰᠤᠷᠳᠠᠳᠠᠭ ᠲᠠᠢ ᠠᠳᠠᠯᠢ᠃ ᠳᠠᠯᠠᠢ ᠸᠠᠩ᠂ ᠲᠡᠷᠢᠭᠦᠨ ᠮᠡᠢᠷᠡᠨ ᠪᠢᠰᠢ᠂ ᠸᠠᠩ ᠤ᠋ᠨ ᠵᠡᠷᠭᠡ ᠲᠡᠢ ᠪᠣᠯᠪᠠᠴᠤ᠂ ᠥᠨᠥᠬᠢ ᠯᠡ ᠳᠠᠮᠳᠢᠨ ᠲᠡᠷᠢᠭᠦᠨ ᠶᠦᠮ ᠤᠤ᠂ ᠭᠠᠯᠰᠠᠩ ᠮᠡᠢᠷᠡᠨ ᠦ᠌ ᠥᠷᠥᠭᠡᠰᠦᠨ ᠪᠥᠭᠡᠷ᠎ᠡ ᠨᠢ ᠭᠡᠵᠦ ᠮᠡᠳᠡᠭᠡᠷᠡᠢ᠃ ᠳᠠᠯᠠᠢ ᠸᠠᠩ ᠡᠷᠳᠡᠮ ᠴᠢᠳᠠᠯ ᠢ᠋ᠶ᠋ᠠᠷ ᠴᠣ᠂ ᠴᠢ ᠪᠢᠳᠡ ᠬᠣᠶᠠᠷ ᠠ᠋ᠴᠠ ᠨᠢᠭᠡ ᠶᠡᠬᠡ ᠢᠯᠡᠭᠦᠦ ᠦᠭᠡᠢ ᠪᠠᠢᠬ᠎ᠠ᠃ ᠪᠢᠴᠢᠭ ᠦᠰᠦᠭ ᠦ᠋ᠨ ᠲᠠᠯ᠎ᠠ ᠪᠠᠷ ᠬᠡᠯᠡᠯᠴᠡᠪᠡᠯ᠂ ᠪᠢ ᠴᠦ᠍ ᠲᠡᠭᠦᠨ ᠡᠴᠡ ᠢᠯᠡᠭᠦᠦ ᠪᠢᠴᠢᠭ ᠦᠵᠡᠭᠰᠡᠨ ᠪᠠᠢᠵᠤ ᠪᠣᠯᠵᠣᠰᠢ ᠦᠭᠡᠢ᠃ ᠶᠠᠭᠤᠮ᠎ᠠ ᠦᠵᠡᠬᠦ ᠶ᠋ᠢᠨ ᠬᠤᠪᠢ ᠳ᠋ᠤ᠌ ᠴᠤ᠌ ᠭᠡᠰᠡᠨ ᠪᠢ ᠲᠡᠭᠦᠨ ᠡᠴᠡ ᠢᠯᠡᠭᠦᠦ ᠣᠢᠮᠣᠰᠤ ᠡᠯᠡᠭᠡᠭᠰᠡᠨ ᠪᠠᠢᠬ᠎ᠠ᠃ ᠥᠨᠥᠴᠢᠨ ᠪᠠᠭ᠎ᠠ ᠳ᠋ᠠᠭᠠᠨ ᠪᠢ᠂ ᠨᠢᠭᠡ ᠪᠠᠳᠢᠷᠴᠢᠨ ᠳᠠᠭᠠᠵᠤ᠂ ᠮᠣᠩᠭᠣᠯ ᠭᠠᠵᠠᠷ ᠶᠠᠪᠤᠭ᠎ᠠ ᠦᠭᠡᠢ ᠭᠠᠵᠠᠷ ᠦᠭᠡᠢ᠂ ᠪᠠᠰᠠ ᠬᠢᠲᠠᠳ᠂ ᠲᠥᠪᠡᠳ᠂ ᠡᠨᠡᠳᠬᠡᠭ ᠭᠠᠵᠠᠷ ᠢ᠋ᠶ᠋ᠠᠷ ᠴᠤ᠌ ᠶᠠᠪᠤᠵᠤ ᠦᠵᠡᠭᠰᠡᠨ᠃ ᠣᠷᠣᠰ ᠭᠠᠵᠠᠷ ᠴᠤ᠌ ᠭᠡᠰᠡᠨ ᠳ᠋ᠤᠨ ᠮᠥᠷᠡᠨ ᠭᠡᠳᠡᠭ ᠨᠢᠭᠡ ᠶᠡᠬᠡ ᠮᠥᠷᠡᠨ ᠪᠠᠢᠳᠠᠭ ᠶᠤᠮ᠃ ᠲᠡᠭᠦᠪᠡᠷ ᠶᠠᠪᠤᠵᠤ ᠲᠡᠨᠳᠡᠬᠢ ᠶ᠋ᠢᠨ ᠪᠦᠵᠠᠭᠠᠪ ᠨᠠᠷ ᠤ᠋ᠨ ᠨᠤᠲᠤᠭ ᠢ᠋ᠶ᠋ᠠᠷ ᠴᠤ᠌ ᠶᠠᠪᠤᠵᠤ ᠦᠵᠡᠭᠰᠡᠨ᠃ ᠪᠦᠵᠠᠭᠠᠪ ᠭᠡᠵᠦ ᠮᠠᠨᠠᠢ ᠳᠥᠷᠪᠡᠳ ᠰᠢᠭ ᠲᠡᠢᠮᠦ ᠨᠢᠭᠡ ᠤᠯᠤᠰ ᠪᠠᠢᠳᠠᠭ ᠶᠤᠮ ᠪᠢᠯᠡ᠃ ᠮᠢᠨᠦ ᠬᠡᠰᠦᠵᠦ ᠦᠵᠡᠭᠰᠡᠨ ᠭᠠᠵᠠᠷ ᠶᠡᠬᠡ ᠪᠣᠯᠪᠠᠴᠤ᠂ ᠪᠢ ᠥᠨᠥᠴᠢᠨ ᠥᠷᠥᠭᠡᠰᠦᠨ ᠬᠠᠷ᠎ᠠ ᠶᠠᠰᠤᠲᠤ᠂ ᠬᠠᠷᠠᠴᠤ ᠠᠷᠠᠳ᠂ ᠳᠠᠯᠠᠢ ᠸᠠᠩ ᠪᠣᠯᠪᠠᠯ ᠴᠠᠭᠠᠨ ᠶᠠᠰᠤᠲᠤ ᠬᠥᠮᠦᠨ ᠪᠣᠯᠤᠭᠠᠳ᠂ ᠪᠡᠶ᠎ᠡ ᠪᠡᠨ ᠨᠣᠮ ᠲᠠᠢ ᠴᠤ᠌ ᠭᠡᠰᠡᠨ ᠨᠣᠶᠠᠨ᠂ ᠨᠣᠮ ᠦᠭᠡᠢ ᠴᠦ᠍ ᠭᠡᠰᠡᠨ ᠬᠠᠷᠠᠴᠤ ᠨᠠᠷ ᠢ᠋ ᠵᠠᠬᠢᠷᠬᠤ ᠨᠣᠶᠠᠨ ᠭᠡᠵᠦ ᠦᠵᠡᠳᠡᠭ ᠦ᠋ᠨ ᠨᠢᠭᠡ ᠨᠢ ᠪᠢᠯᠡ᠃ ᠸᠠᠩ᠂ ᠮᠠᠨᠵᠤ ᠶ᠋ᠢᠨ ᠦᠶ᠎ᠡ ᠳ᠋ᠦ᠍ ᠴᠦ᠍ ᠡᠷᠬᠡ ᠲᠡᠢ ᠶᠠᠩᠪᠠ ᠲᠠᠢ ᠳᠤᠷ᠎ᠠ ᠪᠠᠷ ᠢ᠋ᠶ᠋ᠠᠨ ᠪᠠᠢᠵᠠᠢ᠃ ᠣᠳᠣ ᠪᠦᠷ ᠴᠦ᠍ ᠮᠠᠨᠳᠤᠵᠤ ᠰᠢᠳᠠᠷ ᠰᠠᠢᠳ᠂ ᠴᠡᠷᠢᠭ ᠦ᠋ᠨ ᠶᠠᠮᠤᠨ ᠤ᠋ ᠰᠠᠢᠳ ᠭᠡᠵᠦ ᠵᠡᠷᠭᠡ ᠬᠡᠷᠬᠢᠮ ᠹᠦᠩᠯᠦ ᠡᠳᠦᠢ ᠲᠡᠳᠦᠢ ᠨᠡᠮᠡᠭᠳᠡᠵᠡᠢ᠃ ᠲᠡᠭᠦᠨ ᠢ᠋ ᠪᠡᠨ ᠠᠯᠳᠠᠬᠤ ᠦᠭᠡᠢ ᠭᠡᠵᠦ ᠮᠠᠷᠠᠢᠯ ᠦᠭᠡᠢ ᠶᠠᠭᠠᠬᠢᠬᠤ ᠪᠣᠢ? ᠲᠡᠭᠡᠭᠡᠳ ᠯᠡ ᠳᠡᠭᠡᠭᠡᠭᠦᠷ ᠪᠠᠢᠭ᠎ᠠ ᠤᠯᠤᠰ ᠢ᠋ ᠳᠣᠯᠢᠶᠠᠴᠢᠬᠠᠨ ᠠᠯᠳᠠᠵᠤ ᠪᠠᠢᠬᠤ ᠦᠭᠡᠢ ᠤᠤ ᠳᠠ᠃ ᠪᠣᠭᠳᠠ ᠶ᠋ᠢᠨ ᠲᠡᠷᠡ ᠰᠢᠷ᠎ᠠ ᠬᠡᠦᠬᠡᠨ ᠶᠡᠬᠡ ᠮᠠᠲᠠᠯ ᠲᠠᠢ ᠬᠡᠦᠬᠡᠨ ᠰᠢᠦ᠃ ᠪᠣᠭᠳᠠ᠂ ᠲᠡᠷᠡ ᠬᠡᠦᠬᠡᠨ ᠦ᠌ ᠦᠭᠡᠨ ᠡᠴᠡ ᠨᠢᠭᠡ ᠴᠦ᠍ ᠭᠠᠷᠳᠠᠭ ᠦᠭᠡᠢ ᠶᠦᠮ ᠭᠡᠨ᠎ᠡ ᠪᠢᠯᠡ᠃ ᠲᠡᠭᠡᠭᠡᠳ ᠲᠡᠷᠡ ᠨᠢ ᠣᠯᠠᠨ ᠰᠠᠢᠳ ᠢ᠋ ᠳᠡᠪᠰᠢᠭᠦᠯᠬᠦ ᠤᠭᠴᠠᠷᠠᠭᠤᠯᠬᠤ᠂ ᠮᠠᠭᠤ ᠳᠤᠷ᠎ᠠ ᠪᠠᠨ ᠬᠦᠷᠪᠡᠯ ᠴᠢᠨᠠᠭᠰᠢ ᠨᠢ ᠬᠠᠷᠠᠭᠤᠯᠵᠤ ᠣᠷᠬᠢᠬᠤ᠂ ᠨᠢᠭᠡ ᠬᠤᠨᠳᠠᠭ᠎ᠠ ᠠᠷᠢᠬᠢ ᠪᠠᠷᠢᠭᠤᠯᠤᠭᠠᠳ ᠯᠠ ᠲᠥᠷᠥᠯ ᠠᠷᠠᠯᠵᠢᠭᠤᠯᠵᠤ ᠣᠷᠬᠢᠬᠤ ᠲᠡᠢᠮᠦ ᠶᠠᠭᠤᠮ᠎ᠠ ᠭᠡᠨ᠎ᠡ ᠪᠢᠯᠡ᠃ ᠵᠠ ᠴᠢ ᠪᠢᠳᠡ ᠬᠣᠶᠠᠷ ᠤ᠋ᠨ ᠡᠨᠡ ᠦᠭᠡ ᠭᠠᠳᠠᠭᠰᠢ ᠵᠠᠳᠠᠷᠠᠭᠤᠯᠳᠠᠭ ᠦᠭᠡ ᠪᠢᠰᠢ ᠰᠢᠦ᠃ ᠳᠠᠷᠤᠭ᠎ᠠ ᠨᠠᠷ ᠣᠯᠵᠤ ᠰᠣᠨᠣᠰᠪᠠᠯ ᠪᠢᠳᠡ ᠬᠣᠶᠠᠷ ᠢ᠋ ᠳᠣᠣᠷ᠎ᠠ ᠨᠢ ᠯᠡ ᠰᠢᠷ᠎ᠠ ᠬᠠᠳᠠᠨ ᠳ᠋ᠤ᠌ ᠶᠠᠪᠤᠭᠤᠯᠵᠤ ᠣᠷᠬᠢᠨ᠎ᠠ ᠭᠡᠵᠦ ᠮᠡᠳᠡᠭᠡᠷᠡᠢ᠃
ᠴᠢ ᠪᠢᠳᠡ ᠬᠣᠶᠠᠷ᠂ ᠬᠠᠷ᠎ᠠ ᠶᠠᠰᠤᠲᠤ ᠠᠯᠪᠠᠲᠤ ᠠᠷᠠᠳ ᠪᠢᠯᠡ᠃ ᠳᠡᠯᠡᠬᠡᠢ ᠳᠡᠭᠡᠷ᠎ᠡ ᠬᠠᠷ᠎ᠠ ᠴᠠᠭᠠᠨ ᠬᠣᠶᠠᠷ ᠶᠠᠰᠤ ᠪᠠᠢᠭ᠎ᠠ ᠴᠠᠭ ᠲᠤ᠌ ᠬᠠᠷ᠎ᠠ ᠶᠠᠰᠤᠲᠤ ᠬᠥᠮᠦᠨ ᠶᠠᠪᠤᠴᠠ ᠮᠠᠭᠤᠲᠠᠢ᠂ ᠴᠢ ᠪᠢᠳᠡ ᠬᠣᠶᠠᠷ ᠤ᠋ᠨ ᠰᠠᠨᠠᠵᠤ ᠪᠣᠳᠣᠬᠤ ᠶᠠᠭᠤᠮ᠎ᠠ᠂ ᠶᠠᠭᠠᠬᠢᠵᠤ ᠨᠢᠭᠡ ᠡᠳᠦᠷ ᠴᠦ᠍ ᠭᠡᠰᠡᠨ ᠪᠠᠩᠵᠠ ᠱᠠᠬᠠᠢ ᠶᠠᠯ᠎ᠠ ᠰᠢᠳᠬᠡᠯ ᠦᠭᠡᠢ ᠭᠡᠳᠡᠰᠦ ᠴᠠᠳᠬᠤᠯᠠᠩ ᠪᠠᠢᠬᠤ ᠪᠣᠢ ᠭᠡᠭᠴᠢ ᠶ᠋ᠢ ᠬᠢᠴᠢᠶᠡᠬᠦ ᠡᠴᠡ ᠥᠭᠡᠷ᠎ᠡ ᠶᠠᠭᠤ ᠪᠠᠢᠬᠤ ᠪᠣᠢ?᠂᠂᠂᠂᠂᠂᠂᠂᠂ ᠲᠡᠷᠡ ᠴᠦ᠍ ᠭᠡᠰᠡᠨ ᠪᠠᠰᠠ ᠪᠢᠳᠡᠨ ᠦ᠌ ᠰᠠᠨᠠᠭ᠎ᠠ ᠵᠣᠷᠢᠭ ᠢ᠋ᠶ᠋ᠠᠷ ᠲᠡᠷᠡ ᠪᠦᠷᠢ ᠪᠣᠯᠵᠤ ᠥᠭᠬᠦ ᠦᠭᠡᠢ ᠪᠠᠢᠳᠠᠭ ᠰᠢᠦ ᠭᠡᠬᠦ ᠳ᠋ᠦ᠍ᠨᠢ ᠡᠪᠦᠭᠡᠨ ᠴᠡᠷᠢᠭ ᠦ᠋ᠨ ᠬᠠᠵᠠᠭᠤ ᠳ᠋ᠤ᠌ ᠣᠷᠣ ᠲᠠᠢ ᠨᠢᠭᠡ ᠵᠠᠯᠠᠭᠤ ᠴᠡᠷᠢᠭ᠂
— ᠵᠠ᠂ ᠣᠳᠣ ᠡᠪᠦᠭᠡᠨ ᠭᠤᠸᠠᠢ᠂ ᠨᠢᠭᠡ ᠵᠢᠭᠠᠯ ᠵᠣᠭᠠᠭᠠᠲᠡᠢ ᠰᠣᠨᠢᠨ ᠶᠠᠭᠤᠮ᠎ᠠ ᠶᠠᠷᠢᠵᠤ ᠥᠭᠭᠦᠨᠡᠦ᠂ ᠦᠯᠢᠭᠡᠷ ᠴᠦ᠍ ᠶᠦᠮ ᠤᠤ᠂ ᠶᠠᠭᠤ ᠴᠤ᠌ ᠶᠤᠮ ᠪᠣᠢ ᠭᠡᠬᠦ ᠳ᠋ᠦ᠍ᠨᠢ᠂
— ᠵᠠ᠂ ᠲᠡᠭᠡᠶ᠎ᠡ ᠳᠡ᠃ ᠨᠢᠭᠡ ᠦᠯᠢᠭᠡᠷ ᠬᠡᠯᠡᠵᠦ ᠥᠭᠭᠦᠶ᠎ᠡ ᠭᠡᠵᠦ ᠠᠷᠤ ᠳ᠋ᠠᠭᠠᠨ ᠮᠠᠭᠤ ᠢᠮᠠᠭᠠᠨ ᠳᠠᠬᠤ ᠪᠠᠨ ᠬᠥᠳᠡᠷᠦᠭᠡᠳ᠂ ᠡᠪᠦᠭᠡᠨ ᠲᠤᠬᠠᠲᠠᠢᠬᠠᠨ ᠢ᠋ᠶ᠋ᠠᠷ ᠮᠠᠭᠤ ᠮᠣᠳᠣᠨ ᠣᠷᠣᠨ ᠳᠡᠭᠡᠷ᠎ᠡ ᠪᠡᠨ ᠰᠠᠭᠤᠵᠤ᠂ ᠦᠯᠢᠭᠡᠷ ᠬᠡᠯᠡᠵᠦ ᠡᠬᠢᠯᠡᠭᠰᠡᠨ ᠨᠢ᠄
— ᠡᠷᠲᠡ ᠤᠷᠢᠳᠤ ᠴᠠᠭ ᠲᠤ᠌ ᠨᠢᠭᠡᠨ ᠨᠣᠶᠠᠨ ᠪᠠᠢᠵᠤ ᠭᠡᠨ᠎ᠡ᠃ ᠠᠭᠤᠷ ᠲᠠᠢ ᠳᠣᠭᠰᠢᠨ ᠭᠡᠳᠡᠭ ᠨᠢ ᠤᠴᠢᠷ ᠦᠭᠡᠢ᠃ ᠠᠯᠪᠠᠲᠤ ᠠᠮᠢᠲᠠᠨ ᠨᠢ ᠨᠣᠶᠠᠨ ᠨᠠᠢᠬᠠᠨ ᠥᠭᠡᠳᠡ ᠡᠴᠡ ᠬᠠᠷᠠᠬᠤ ᠠ᠋ᠴᠠ ᠴᠤ᠌ ᠠᠶᠤᠳᠠᠭ ᠲᠡᠢᠮᠦ ᠲᠣᠭᠰᠢᠨ ᠨᠣᠶᠠᠨ ᠪᠠᠢᠵᠤ ᠭᠡᠨ᠎ᠡ ᠳᠡ ᠠ᠋᠃ ᠠᠯᠤᠰ ᠤ᠋ᠨ ᠠᠶᠠᠨ ᠳ᠋ᠤ᠌ ᠮᠣᠷᠳᠠᠬᠤ ᠨᠢᠭᠡᠨ ᠬᠡᠷᠡᠭ ᠭᠠᠷᠴᠠᠢ᠃ ᠲᠡᠷᠡ ᠨᠣᠶᠠᠨ ᠳ᠋ᠤ᠌ ᠮᠠᠨᠠᠢ(ᠮᠠᠨ ᠤ᠋) ᠰᠠᠢᠳ ᠸᠠᠩ ᠤ᠋ᠨ ᠥᠨᠥᠳᠥᠷ ᠶᠡᠬᠡ ᠶᠣᠰᠣᠯᠠᠯ ᠢ᠋ᠶ᠋ᠠᠷ ᠮᠣᠷᠢᠯᠠᠭᠰᠠᠨ ᠰᠢᠭ᠋᠂ ᠣᠯᠠᠨ ᠬᠢᠶ᠎ᠡ ᠳᠠᠭᠠᠯᠲᠠ ᠲᠠᠢ᠂ ᠤᠷᠢᠳᠤ(ᠤᠷᠲᠤ) ᠨᠢ ᠴᠦ᠍ ᠵᠠᠮ ᠤᠳᠤᠷᠢᠳᠬᠤ ᠬᠥᠮᠦᠨ᠂ ᠬᠣᠢᠨ᠎ᠠ ᠨᠢ ᠴᠦ᠍ ᠳᠠᠭᠠᠬᠤ ᠬᠥᠮᠦᠨ ᠲᠡᠢ ᠮᠣᠷᠢᠯᠠᠵᠤ ᠭᠡᠨ᠎ᠡ ᠳᠡ᠃ ᠶᠠᠪᠤᠵᠤ ᠶᠠᠪᠤᠵᠤ᠂ ᠨᠢᠭᠡ ᠭᠠᠭᠴᠠ ᠰᠠᠭᠯᠠᠭᠠᠷ ᠮᠣᠳᠣᠨ ᠤ᠋ ᠳᠣᠣᠷ᠎ᠠ ᠪᠠᠭᠤᠵᠤ ᠠᠮᠠᠷᠠᠬᠤ ᠪᠣᠯᠵᠠᠢ᠃ ᠳᠠᠭᠠᠯᠲᠠ ᠬᠢᠶ᠎ᠡ ᠨᠠᠷ ᠨᠢ ᠨᠣᠶᠠᠨ ᠳ᠋ᠠᠭᠠᠨ( ᠳ᠋ᠤ᠌ ᠪᠠᠨ)ᠭᠠᠵᠠᠷ ᠣᠯᠪᠣᠭ ᠳᠡᠪᠢᠰᠴᠦ ᠰᠠᠭᠤᠳᠠᠯ ᠵᠠᠰᠠᠵᠤ ᠭᠡᠨ᠎ᠡ᠃ ᠲᠡᠭᠡᠬᠦ ᠳ᠋ᠦ᠍ᠨᠢ (ᠳ᠋ᠦ᠍ ᠨᠢ)ᠲᠡᠷᠡ᠂ ᠣᠯᠪᠣᠭ ᠰᠠᠭᠤᠳᠠᠯ ᠢ᠋ᠶ᠋ᠠᠨ ᠭᠣᠯᠣᠵᠤ᠂ ᠪᠢ ᠨᠣᠶᠠᠨ ᠬᠥᠮᠦᠨ᠂ ᠲᠠ ᠨᠠᠷ ᠲᠠᠢ ᠠᠳᠠᠯᠢ ᠨᠣᠬᠠᠢ ᠰᠢᠭ᠋ ᠲᠡᠭᠡᠵᠦ ᠭᠠᠵᠠᠷ ᠰᠠᠭᠤᠬᠤ ᠦᠭᠡᠢ᠂ ᠨᠠᠮᠠᠶ᠋ᠢ(ᠨᠠᠮ᠎ᠠ ᠶ᠋ᠢ)ᠳᠡᠭᠡᠷ᠎ᠡ ᠡᠷᠭᠦᠵᠦ ᠰᠠᠭᠤᠯᠭ᠎ᠠ ᠭᠡᠵᠦ ᠭᠡᠨ᠎ᠡ᠃ ᠵᠠᠷᠤᠴᠠ ᠨᠠᠷ ᠨᠢ ᠲᠡᠷᠡ ᠲᠠᠯ᠎ᠠ ᠭᠠᠵᠠᠷ ᠨᠣᠶᠠᠨ ᠳ᠋ᠠᠭᠠᠨ( ᠳ᠋ᠤ᠌ ᠪᠠᠨ)ᠶᠠᠭᠠᠬᠢᠵᠤ ᠥᠨᠳᠥᠷ ᠰᠠᠭᠤᠳᠠᠯ ᠵᠠᠰᠠᠬᠤ ᠪᠢᠯᠡ ᠭᠡᠵᠦ ᠰᠠᠨᠳᠤᠷᠴᠤ᠂ ᠠᠷᠭ᠎ᠠ ᠪᠠᠷᠠᠭᠳᠠᠬᠤ ᠳ᠋ᠠᠭᠠᠨ( ᠳ᠋ᠤ᠌ ᠪᠠᠨ)ᠲᠡᠷᠡ ᠰᠠᠭᠯᠠᠭᠠᠷ ᠮᠣᠳᠣ ᠶ᠋ᠢ ᠪᠥᠬᠥᠢᠯᠭᠡᠵᠦ ᠨᠣᠶᠠᠨ ᠢ᠋ᠶ᠋ᠠᠨ ᠡᠷᠭᠦᠵᠦ ᠰᠠᠭᠤᠯᠭᠠᠶ᠎ᠠ ᠭᠡᠵᠦ᠂ ᠮᠣᠳᠣᠨ ᠤ᠋ ᠦᠵᠦᠭᠦᠷ ᠢ᠋ ᠲᠠᠲᠠᠵᠤ ᠪᠥᠬᠥᠢᠯᠭᠡᠭᠡᠳ᠂ ᠨᠣᠶᠠᠨ ᠢ᠋ᠶ᠋ᠠᠨ ᠰᠠᠭᠤᠯᠭᠠᠵᠤ ᠲᠠᠯᠪᠢᠮᠠᠭᠴᠠ᠂ ᠮᠣᠳᠣᠨ ᠤ᠋ ᠣᠷᠣᠢ ᠲᠡᠨᠢᠢᠭᠡᠳ ᠨᠣᠶᠠᠨ ᠢ᠋ ᠲᠡ᠊ — ᠷᠠ ᠬᠣᠯᠠ ᠫᠢᠳ ᠬᠢᠲᠡᠯ᠎ᠡ ᠰᠠᠪᠠᠵᠤ ᠣᠷᠬᠢᠪᠠ ᠭᠡᠨ᠎ᠡ ᠳᠡ᠃ ᠵᠠᠷᠤᠴᠠ ᠬᠢᠶ᠎ᠡ ᠨᠠᠷ ᠨᠢ ᠰᠡᠩᠳᠡ ᠮᠡᠩᠳᠡ ᠭᠦᠶᠦᠵᠦ᠂ ᠨᠣᠶᠠᠨ ᠢ᠋ᠶ᠋ᠠᠨ ᠲᠦᠰᠢᠭᠦᠯᠦᠨ ᠪᠣᠰᠬᠠᠵᠤ ᠡᠷᠭᠦᠲᠡᠯ᠎ᠡ᠂ ᠨᠣᠶᠠᠨ ᠤ᠋ ᠲᠣᠯᠣᠭᠠᠢ ᠠᠯᠠᠭ᠎ᠠ ᠪᠠᠢᠵᠠᠢ᠃ ᠬᠢᠶ᠎ᠡ ᠨᠠᠷ ᠠᠶᠤᠵᠤ ᠰᠠᠨᠳᠤᠷᠴᠤ᠂ ᠨᠣᠶᠠᠨ ᠤ᠋ ᠲᠣᠯᠣᠭᠠᠢ ᠶ᠋ᠢ ᠮᠣᠳᠣᠨ ᠤ᠋ ᠭᠡᠰᠢᠭᠦᠦ ᠲᠠᠰᠤ ᠰᠠᠪᠠᠵᠤ ᠤᠷᠭᠢᠪᠠᠤ(ᠣᠷᠬᠢᠪᠠ ᠤᠤ)᠂ ᠶᠡᠷᠦ ᠡᠴᠡ ᠪᠡᠨ ᠲᠣᠯᠣᠭᠠᠢ ᠦᠭᠡᠢ ᠪᠠᠢᠭᠰᠠᠨ ᠶᠤᠮ ᠪᠣᠯᠪᠠᠤ(ᠪᠣᠯᠪᠠ ᠤᠤ)? ᠭᠡᠵᠦ ᠡᠰᠢ ᠲᠡᠰᠢ(ᠡᠢᠰᠢ ᠲᠠᠢᠰᠢ) ᠪᠠᠨ ᠭᠦᠶᠦᠵᠦ ᠡᠷᠢᠯ ᠬᠢᠵᠦ ᠭᠡᠨ᠎ᠡ᠃ ᠲᠡᠭᠡᠭᠡᠳ ᠲᠡᠷᠡ ᠤᠷᠤᠭᠤ ᠬᠣᠯᠠ ᠯᠠ ᠨᠢᠭᠡ ᠲᠣᠯᠣᠭᠠᠢ ᠬᠡᠪᠲᠡᠵᠦ ᠪᠠᠢᠭᠰᠠᠨ ᠢ᠋ ᠣᠯᠵᠤ ᠭᠡᠨ᠎ᠡ ᠳᠡ᠃ ᠭᠠᠭᠴᠠᠬᠦ(ᠭᠠᠭᠴᠠ ᠬᠦ᠌)ᠨᠣᠶᠠᠨ ᠤ᠋ ᠥᠭᠡᠳᠡ ᠡᠴᠡ ᠬᠠᠷᠠᠵᠤ ᠦᠵᠡᠭᠰᠡᠨ ᠬᠥᠮᠦᠨ ᠨᠢᠭᠡ ᠴᠦ᠍ ᠠᠯᠠᠭ᠎ᠠ᠃ ᠲᠡᠷᠡ ᠲᠣᠯᠣᠭᠠᠢ ᠶ᠋ᠢ ᠨᠣᠶᠠᠨ ᠤ᠋ ᠲᠣᠯᠣᠭᠠᠢ ᠶᠤᠮ ᠤᠤ᠂ ᠪᠢᠰᠢ ᠶᠦᠮ ᠤᠤ ᠭᠡᠳᠡᠭ ᠢ᠋ ᠮᠡᠳᠡᠬᠦ ᠲᠠᠨᠢᠬᠤ ᠬᠥᠮᠦᠨ ᠡᠰᠡ ᠣᠯᠳᠠᠵᠠᠢ᠃
ᠵᠠ᠂ ᠣᠳᠣ ᠶᠠᠭᠠᠬᠢᠳᠠᠭ ᠶᠢᠳᠡᠭ(ᠡᠢᠳᠡᠭ) ᠪᠢᠯᠡ? ᠭᠡᠵᠦ ᠪᠣᠳᠣᠭᠠᠳ᠂ ᠵᠠᠬᠢᠷᠤᠭᠴᠢ ᠠᠪᠤᠭᠠᠢ ᠠ᠋ᠴᠠ ᠣᠴᠢᠵᠤ ᠠᠰᠠᠭᠤᠶ᠎ᠠ᠃ ᠮᠠᠨ ᠤ᠋ ᠨᠣᠶᠠᠨ ᠤ᠋ ᠲᠣᠯᠣᠭᠠᠢ ᠲᠠᠢ ᠲᠣᠯᠣᠭᠠᠢ ᠦᠭᠡᠢ ᠶ᠋ᠢ ᠵᠠᠬᠢᠷᠤᠭᠴᠢ ᠠᠪᠤᠭᠠᠢ ᠯᠠᠪ ᠮᠡᠳᠡᠭᠰᠡᠨ ᠪᠠᠢᠬᠤ ᠭᠡᠵᠦ ᠬᠡᠯᠡᠯᠴᠡᠵᠦ᠂ ᠡᠪᠦᠭᠡᠨ ᠵᠠᠬᠢᠷᠤᠭᠴᠢ ᠠᠪᠤᠭᠠᠢ ᠳ᠋ᠤ᠌ ᠣᠴᠢᠵᠤ ᠠᠰᠠᠭᠤᠵᠤ ᠭᠡᠨ᠎ᠡ ᠳᠡ᠂ ᠲᠡᠭᠡᠬᠦ ᠳ᠋ᠦ᠍ᠨᠢ(ᠳ᠋ᠦ᠍ ᠨᠢ) ᠵᠠᠬᠢᠷᠤᠭᠴᠢ ᠨᠢ ᠪᠤᠭᠤᠷᠤᠯ ᠲᠣᠯᠣᠭᠠᠢ ᠪᠠᠨ ᠰᠡᠭᠰᠦᠷᠴᠦ᠂ ᠪᠦᠦ ᠮᠡᠳᠡ ᠠ᠋᠂ ᠬᠡᠦᠬᠡᠳ᠂ ᠲᠣᠯᠣᠭᠠᠢ ᠲᠠᠢ ᠴᠣ ᠪᠠᠢᠭᠰᠠᠨ ᠶᠤᠮ ᠤᠤ ᠨᠣᠶᠠᠨ ᠮᠠᠨᠢ᠂ ᠲᠣᠯᠣᠭᠠᠢ ᠦᠭᠡᠢ ᠴᠦ᠍ ᠪᠠᠢᠭᠰᠠᠨ ᠶᠤᠮ ᠤᠤ᠃ ᠪᠢ ᠨᠣᠶᠠᠨ ᠤ᠋ ᠰᠡᠷᠡᠭᠦᠨ ᠲᠤᠩᠭᠠᠯᠠᠭ ᠪᠠᠢᠬᠤ ᠳ᠋ᠤ᠌ ᠡᠮᠦᠨ᠎ᠡ ᠨᠢ ᠰᠥᠭᠥᠳᠴᠦ ᠮᠥᠷᠭᠥᠭᠰᠡᠭᠡᠷ ᠶᠡᠷᠦ ᠴᠢᠷᠠᠢ ᠥᠭᠡᠳᠡ ᠨᠢ ᠬᠠᠷᠠᠵᠤ ᠦᠵᠡᠭᠰᠡᠨ ᠦᠭᠡᠢ ᠪᠢᠯᠡ᠃ ᠮᠠᠯᠠᠭᠠᠢ ᠳᠡᠭᠡᠷ᠎ᠡ ᠪᠡᠨ ᠬᠠᠭᠠᠨ ᠤ᠋ ᠬᠠᠢᠷᠠᠯᠠᠭᠰᠠᠨ ᠨᠣᠶᠠᠨ ᠤ᠋ ᠬᠡᠷᠬᠢᠮ ᠵᠢᠩᠰᠡ ᠤᠲᠤᠭ᠎ᠠ ᠲᠠᠢ ᠪᠠᠢᠭᠰᠠᠨ ᠢ᠋ ᠯᠡ ᠪᠢ ᠰᠠᠢᠨ ᠮᠡᠳᠡᠨ᠎ᠡ᠃ ᠲᠣᠯᠣᠭᠠᠢ ᠲᠠᠢ ᠦᠭᠡᠢ ᠶ᠋ᠢ ᠨᠢ ᠮᠡᠳᠡᠬᠦ ᠦᠭᠡᠢ᠂ ᠬᠡᠦᠬᠡᠳ᠃ ᠬᠠᠷᠢᠨ ᠬᠠᠲᠤᠨ ᠠ᠋ᠴᠠ ᠨᠢ ᠣᠴᠢᠵᠤ ᠠᠰᠠᠭᠤ᠃ ᠲᠡᠷᠡ ᠮᠡᠳᠡᠬᠦ ᠪᠠᠢᠬᠤ ᠭᠡᠬᠦ ᠳ᠋ᠦ᠍ᠨᠢ ᠬᠠᠲᠤᠨ ᠠ᠋ᠴᠠ ᠨᠢ ᠣᠴᠢᠵᠤ ᠠᠰᠠᠭᠤᠵᠤ ᠭᠡᠨ᠎ᠡ ᠳᠡ᠃ ᠲᠡᠭᠡᠬᠦ ᠳ᠋ᠦ᠍ᠨᠢ ᠬᠠᠲᠤᠨ᠂
— ᠵᠠ᠂ ᠪᠦᠦ ᠮᠡᠳᠡ᠂ ᠬᠢᠶ᠎ᠡ ᠨᠠᠷ ᠮᠢᠨᠢ᠂ ᠪᠢ ᠨᠢᠭᠡ ᠨᠠᠰᠤ ᠪᠠᠷ ᠢ᠋ᠶ᠋ᠠᠨ ᠲᠣᠭᠰᠢᠨ ᠨᠣᠶᠠᠨ ᠤ᠋ ᠬᠦᠰᠡᠯ ᠲᠠᠭᠠᠯᠠᠯ ᠳ᠋ᠤᠨᠢ ᠨᠡᠢᠯᠡᠭᠦᠯᠦᠭᠰᠡᠭᠡᠷ᠂ ᠲᠣᠭᠰᠢᠨ ᠴᠢᠷᠠᠢ ᠬᠤᠷᠴᠠ ᠨᠢᠳᠦ ᠥᠭᠡᠳᠡ ᠨᠢ ᠬᠠᠷᠠᠬᠤ ᠵᠢᠷᠦᠬᠡ ᠤᠬᠠᠭᠠᠨ ᠣᠯᠳᠠᠭᠰᠠᠨ ᠦᠭᠡᠢ ᠪᠢᠯᠡ᠃ ᠨᠠᠮᠠᠶ᠋ᠢ ᠦᠨᠦᠰᠬᠦ ᠳ᠋ᠦ᠍ᠨᠢ ᠬᠢᠷᠪᠡᠭᠡ ᠰᠢᠷᠦᠭᠦᠨ ᠰᠠᠬᠠᠯ ᠨᠢ ᠯᠡ ᠨᠠᠮᠠᠶ᠋ᠢ ᠬᠠᠳᠬᠤᠭᠠᠳ ᠪᠠᠢᠳᠠᠭ ᠰᠠᠨ᠃ ᠴᠣᠬᠣᠮ ᠲᠣᠯᠣᠭᠠᠢ ᠲᠠᠢ ᠲᠣᠯᠣᠭᠠᠢ ᠦᠭᠡᠢ ᠶ᠋ᠢ ᠨᠢ ᠪᠦᠦ ᠮᠡᠳᠡ᠂ ᠬᠢᠶ᠎ᠡ ᠨᠠᠷ ᠮᠢᠨᠢ ᠭᠡᠵᠡᠢ᠃ ᠲᠡᠭᠡᠭᠡᠳ ᠨᠣᠶᠠᠨ ᠤ᠋ ᠵᠠᠷᠤᠴᠠ ᠳᠠᠭᠠᠯᠲᠠ ᠨᠠᠷ ᠨᠢ ᠨᠣᠶᠠᠨ ᠳ᠋ᠠᠭᠠᠨ ᠴᠣᠬᠣᠮ ᠲᠣᠯᠣᠭᠠᠢ ᠲᠠᠢ ᠪᠠᠢᠭᠰᠠᠨ ᠤᠤ᠂ ᠲᠣᠯᠣᠭᠠᠢ ᠦᠭᠡᠢ ᠪᠠᠢᠭᠰᠠᠨ ᠤᠤ ᠭᠡᠳᠡᠭ ᠢ᠋ ᠮᠡᠳᠡᠵᠦ ᠴᠢᠳᠠᠭᠰᠠᠨ ᠦᠭᠡᠢ ᠭᠡᠨ᠎ᠡ ᠪᠢᠯᠡ ᠭᠡᠵᠦ ᠡᠪᠦᠭᠡᠨ ᠴᠡᠷᠢᠭ ᠦ᠋ᠨ ᠦᠯᠢᠭᠡᠷ ᠢ᠋ᠶ᠋ᠡᠨ ᠲᠡᠭᠦᠰᠬᠡᠨ ᠬᠡᠯᠡᠬᠦ ᠳ᠋ᠦ᠍ᠨᠢ ᠲᠣᠭᠣᠷᠢᠨ ᠰᠠᠭᠤᠵᠤ ᠦᠯᠢᠭᠡᠷ ᠰᠣᠨᠣᠰᠤᠭᠰᠠᠨ ᠴᠡᠷᠢᠭ ᠲᠦᠰ ᠬᠢᠲᠡᠯ᠎ᠡ ᠢᠨᠢᠶᠡᠯᠴᠡᠪᠡ᠃
— — — —
※ ᠰᠢᠷ᠎ᠠ ᠬᠠᠳᠠ ᠭᠡᠵᠦ ᠬᠦᠷᠢᠶᠡᠨ ᠦ᠌ ᠵᠡᠭᠦᠨ ᠬᠣᠢᠨ᠎ᠠ᠂ ᠥᠰᠢᠶᠡᠨᠲᠡᠨ ᠭᠡᠳᠡᠭ ᠠᠭᠠᠷ ᠤ᠋ᠨ ᠮᠡᠳᠡᠭᠡᠨ ᠦ᠌ ᠭᠠᠵᠠᠷ ᠤ᠋ᠨ ᠠᠷᠤ ᠳ᠋ᠤ᠌ ᠤᠷᠢᠳᠤ ᠴᠠᠭ ᠲᠤ᠌᠂ ᠬᠥᠮᠦᠨ ᠢ᠋ ᠴᠠᠭᠠᠵᠠ ᠪᠠᠷ ᠠᠪᠠᠴᠢᠵᠤ ᠪᠠᠢᠭᠰᠠᠨ ᠭᠠᠵᠠᠷ᠃
ᠦᠰᠦᠭ ᠠᠮᠢᠯᠠᠭᠤᠯᠤᠭᠴᠢ᠄ ᠲᠠᠪᠤᠨ ᠤᠰᠤ᠂ ᠪᠠᠳᠮᠠᠰᠡᠴᠡᠨ᠂ ᠰᠠᠷᠠᠨᠲᠤᠶᠠᠭ᠎ᠠ᠂ ᠤᠢᠭᠤᠷᠵᠢᠨ·ᠣᠳᠬᠣᠨᠪᠠᠪᠠ᠂ ᠮᠧᠢ ᠬᠤᠸᠠ᠂
ᠣᠶᠤᠨᠪᠢᠯᠢᠭ᠌᠂ ᠣᠶᠤᠨᠪᠠᠲᠤ
ᠬᠢᠨᠠᠭᠴᠢ᠄ ᠣᠳᠬᠣᠨᠴᠡᠴᠡᠭ᠂ ᠣᠶᠤᠨᠪᠠᠲᠤ᠂ ᠬᠡᠷᠡᠢᠳ· ᠵᠣᠯ᠂ ᠣᠶ᠋ᠢᠭᠣᠷᠵᠢᠨ· ᠣᠳᠬᠣᠨᠪᠠᠪᠠ᠂ ᠲ· ᠬᠥᠮᠦᠵᠢᠯᠲᠦ᠂
ᠮᠥᠩᠭᠥᠨᠭᠣᠸ᠎ᠠ᠂ ᠪᠠᠯ
ᠤᠩᠰᠢᠭᠴᠢ᠄ ᠨᠠᠰᠤᠨ᠌ᠦ᠌ᠯᠵᠡᠢ
