ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ –ᠬᠣᠶᠠᠳᠤᠭᠠᠷ ᠪᠦᠯᠦᠭ <ᠲᠠᠪᠤ> Хан мунын сүүрс < доорд > – Мөнх зохиоов ᠂ Гутгаар бодь – Хоёрдугаар бүлэг <5> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ –ᠬᠣᠶᠠᠳᠤᠭᠠᠷ ᠪᠦᠯᠦᠭ <ᠲᠠᠪᠤ> Хан мунын сүүрс < доорд > – Мөнх зохиоов ᠂ Гутгаар бодь – Хоёрдугаар бүлэг <5>

ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ –ᠬᠣᠶᠠᠳᠤᠭᠠᠷ ᠪᠦᠯᠦᠭ <ᠲᠠᠪᠤ> Хан мунын сүүрс < доорд > – Мөнх зохиоов ᠂ Гутгаар бодь – Хоёрдугаар бүлэг <5>

ᠠᠩᠭᠢᠯᠠᠯ:ᠲᠤᠭᠤᠵᠢ ᠷᠣᠮᠠᠨ
2025-01-07

285

ᠭᠤᠲᠠᠭᠠᠷ ᠪᠣᠲᠢ –ᠬᠣᠶᠠᠳᠤᠭᠠᠷ ᠪᠦᠯᠦᠭ <ᠲᠠᠪᠤ>


               ᠲᠠᠪᠤ  

       ᠬᠣᠶᠠᠷ ᠢᠵᠢᠯᠢ ᠵᠦᠰᠦᠮ ᠦ᠋ᠨ ᠬᠡᠭᠡᠷ ᠮᠣᠷᠢ ᠬᠣᠯᠪᠣᠵᠤ ᠬᠥᠲᠥᠯᠦᠭᠰᠡᠨ ᠮᠣᠷᠢᠲᠠᠢ ᠬᠥᠮᠦᠨ ᠮᠤᠨᠠ ᠶ᠋ᠢᠨ ᠠᠷᠤ ᠬᠢᠷ᠎ᠠ ᠪᠠᠷ ᠵᠡᠭᠦᠨᠰᠢ ᠳᠠᠪᠬᠢᠭᠤᠯᠤᠨ᠎ᠠ᠃ ᠡᠨᠡ ᠮᠣᠷᠢᠲᠠᠢ ᠬᠥᠮᠦᠨ ᠪᠣᠯ ᠠᠩᠴᠢᠨᠵᠠᠪ᠃ 
       ᠶᠠᠪᠤᠨ ᠶᠠᠪᠤᠭᠰᠠᠭᠠᠷ ᠵᠠᠶᠠᠭ᠎ᠠ ᠳᠤᠮᠳᠠ ᠠ᠋ᠴᠠ ᠠᠢᠯ ᠤ᠋ᠨ ᠪᠦᠰᠡᠭᠦᠢ ᠲᠡᠢ ᠵᠠᠶᠠᠭ᠎ᠠ ᠪᠠᠨ ᠬᠣᠯᠪᠣᠵᠤ ᠠᠭᠤᠯᠠ ᠶ᠋ᠢᠨ ᠮᠤᠬᠤᠷ ᠰᠠᠬᠢᠭᠠᠳ ᠲᠣᠮᠣᠭᠠᠵᠢᠬᠤ ᠨᠠᠰᠤᠨ ᠳ᠋ᠤ᠌ ᠳᠥᠭᠥᠴᠢᠬᠡᠯ᠎ᠡ᠃  ᠴᠣᠬᠣᠮ ᠳ᠋ᠠᠭᠠᠨ ᠬᠦᠦ ᠲᠡᠢ ᠴᠦ᠍ ᠪᠣᠯᠤᠭᠰᠠᠨ ᠬᠥᠯ ᠵᠢᠭᠢᠵᠦ ᠵᠢᠷᠭᠠᠬᠤ ᠨᠠᠰᠤ ᠶᠤᠮ ᠳᠠ᠃ ᠭᠡᠮ ᠮᠡᠳᠡᠵᠡᠮ⁈  ᠭᠠᠵᠠᠷ ᠤ᠋ᠨ ᠠᠩ ᠠ᠋ᠴᠠ ᠣᠷᠭᠣᠭᠠᠳ ᠭᠠᠷᠴᠢᠬᠠᠯ᠎ᠠ ᠭᠡᠬᠦ ᠬᠡᠨ ᠴᠦ᠍ ᠢᠲᠡᠭᠡᠮ᠎ᠡ ᠦᠭᠡᠢ ᠠᠯᠢ ᠬᠡᠳᠦᠢᠨ《ᠲᠠᠯᠢᠢᠭᠴᠢ》 ᠪᠣᠯᠤᠯ᠎ᠠ ᠭᠡᠵᠦ ᠪᠠᠢᠭᠰᠠᠨ ᠲᠡᠷᠡ ᠬᠠᠷ᠎ᠠ ᠬᠥᠮᠦᠨ ᠨᠢ ᠬᠦᠷᠦᠭᠡᠳ ᠢᠷᠡᠪᠡ᠁  
       ᠡᠭᠦᠨ ᠡᠴᠡ ᠪᠤᠰᠤ ᠶᠠᠮᠠᠷ ᠴᠦ᠍ ᠡᠷ᠎ᠡ ᠬᠦᠢᠰᠦᠲᠦ ᠪᠯᠠᠮᠤ ᠶ᠋ᠢ ᠨᠢ ᠡᠨᠡ ᠲᠡᠷᠡ ᠭᠡᠵᠦ ᠪᠡᠶ᠎ᠡ ᠳ᠋ᠡᠭᠡᠨ ᠬᠠᠪᠢᠳᠠᠭᠤᠯᠬᠤ ᠶ᠋ᠢ ᠭᠣᠷᠢᠳᠠᠬᠤ ᠳ᠋ᠤ᠌ ᠲᠡᠷᠡ ᠦᠵᠡᠨ ᠶᠠᠳᠠᠵᠤ《ᠡᠨᠡ ᠮᠢᠨᠦ ᠡᠬᠡᠨᠡᠷ》 ᠭᠡᠵᠦ ᠭᠦᠶᠦᠨ ᠪᠣᠰᠴᠤ ᠵᠠᠭᠠᠮᠠᠳᠠᠨ ᠳᠡᠯᠡᠳᠬᠦ ᠳ᠋ᠦ᠍ ᠪᠠᠪ ᠪᠡᠯᠡᠬᠡᠨ! ᠲᠡᠭᠡᠬᠦ ᠳ᠋ᠦ᠍ ᠡᠨᠡ ᠨᠢ ᠶᠠᠭ ᠪᠯᠠᠮᠤ ᠶ᠋ᠢᠨ ᠠᠪᠠᠯᠢ ᠬᠠᠷ᠎ᠠ ᠬᠥᠮᠦᠨ ᠨᠢ ᠪᠣᠯᠬᠣᠷ ᠲᠡᠷᠡ ᠶᠠᠭᠠᠬᠢᠭᠰᠠᠨ ᠴᠦ᠍ ᠲᠡᠭᠡᠵᠦ ᠬᠠᠷᠠᠳᠠᠵᠤ ᠴᠢᠳᠠᠬᠤ ᠦᠭᠡᠢ᠃ ᠠᠳᠠᠭ ᠨᠢ ᠲᠡᠭᠦᠨ ᠡᠴᠡ ᠬᠢᠯᠭᠠᠰᠤᠨ ᠲᠡᠳᠦᠢ ᠬᠣᠨᠵᠢᠬᠤ ᠶᠣᠰᠣ ᠦᠭᠡᠢ ᠳ᠋ᠡᠭᠡᠨ ᠠᠷᠭ᠎ᠠ ᠪᠠᠷᠠᠭᠳᠠᠬᠤ ᠨᠢ ᠵᠦᠢ᠃ ᠠᠶ᠎ᠠ ᠦᠭᠡᠢᠳᠡᠪᠡᠯ ᠬᠥᠮᠦᠨ ᠦ᠌ ᠭᠠᠨᠵᠤᠭ᠎ᠠ ᠪᠠᠭᠤᠯᠭᠠᠨ《ᠡᠷ᠎ᠡ ᠨᠢ ᠡᠵᠡᠭᠦᠢ ᠳ᠋ᠦ᠍ ᠡᠮ᠎ᠡ ᠶ᠋ᠢ ᠨᠢ ᠡᠵᠡᠯᠡᠵᠦ ᠰᠠᠭᠤᠯ᠎ᠠ》 ᠭᠡᠰᠡᠨ ᠡᠷᠭᠢᠭᠦᠦ《ᠲᠢᠲᠢᠮ》 ᠵᠡᠭᠦᠴᠢᠬᠡᠭᠡᠳ ᠳᠣᠯᠣᠭᠠᠨ ᠮᠠᠭᠤ ᠪᠠᠨ ᠳᠠᠭᠤᠳᠠᠭᠤᠯᠤᠭᠰᠠᠨ ᠴᠦ᠍ ᠳᠤᠤᠭᠠᠷᠴᠤ ᠴᠢᠳᠠᠬᠤ ᠦᠭᠡᠢ ᠶᠠᠭᠤᠮ᠎ᠠ ᠪᠣᠯᠤᠨ᠎ᠠ ᠪᠣᠢ᠃  
       ᠪᠯᠠᠮᠤ ᠴᠦ᠍ ᠶᠠᠭᠠᠬᠢᠬᠤ ᠪᠣᠢ ᠳᠠ᠂ ᠠᠩᠬ᠎ᠠ ᠪᠣᠭᠲᠣᠯᠠᠵᠤ ᠠᠪᠤᠭᠰᠠᠨ ᠬᠠᠷ᠎ᠠ ᠬᠥᠮᠦᠨ ᠨᠢ ᠶᠦᠮ ᠴᠢᠨᠢ ᠭᠠᠵᠠᠷ ᠰᠠᠭᠤᠯᠭᠠᠬᠤ ᠦᠭᠡᠢ ᠪᠡᠷ ᠯᠠ ᠦᠭᠡᠢ᠃ ᠭᠠᠭᠴᠠ ᠬᠦᠦ ᠮᠢᠨᠢ᠂ ᠠᠭᠤᠯᠠᠨᠬᠦᠦ ᠮᠢᠨᠢ ᠬᠣᠢᠲᠤ ᠡᠴᠢᠭᠡ ᠶ᠋ᠢᠨ ᠭᠠᠷ ᠳᠣᠣᠷ᠎ᠠ ᠬᠠᠯᠠ ᠶ᠋ᠢ ᠨᠢ ᠳᠠᠭᠠᠭᠠᠳᠠᠭ ᠴᠦ᠍ ᠪᠣᠯ ᠤᠤ?᠂ ᠵᠠ᠂ ᠶᠠᠭᠠᠬᠢᠬᠤ ᠪᠣᠢ᠂ ᠮᠢᠨᠦ ᠬᠦᠦ ᠭᠠᠷ ᠨᠢ ᠭᠠᠨᠵᠤᠭ᠎ᠠ ᠰᠢᠭᠦᠷᠡᠮ᠎ᠡ ᠬᠥᠯ ᠨᠢ ᠳᠥᠷᠥᠭᠡ ᠢᠰᠬᠦᠯᠦᠮ᠎ᠡ ᠬᠢᠷᠢ ᠶ᠋ᠢᠨ ᠡᠷ᠎ᠡ ᠪᠣᠯᠴᠢᠬᠠᠭᠰᠠᠨ ᠬᠣᠢᠨ᠎ᠠ ᠳᠠ᠂ ᠭᠠᠢᠭᠤᠢ ᠪᠠᠢᠬ᠎ᠠ! ᠬᠠᠯᠠ ᠲᠠᠮᠤ ᠠᠮᠰᠠᠵᠤ᠂ ᠬᠠᠯᠠᠭᠤᠨ ᠴᠢᠯᠠᠭᠤ ᠳᠣᠯᠢᠶᠠᠵᠤ ᠪᠠᠢᠭᠠᠳ ᠬᠥᠮᠦᠨ ᠪᠣᠯᠳᠠᠭ ᠶᠤᠮ ᠭᠡᠰᠡᠨ ᠪᠣᠳᠣᠯ ᠠᠩᠴᠢᠨᠵᠠᠪ ᠢ᠋ ᠪᠯᠠᠮᠤ ᠶ᠋ᠢᠨ ᠬᠠᠶᠠᠭᠠᠨ ᠠ᠋ᠴᠠ ᠬᠣᠯᠠᠳᠠᠭᠤᠯᠵᠤ ᠬᠥᠲᠥᠯᠦᠭᠡ ᠮᠣᠷᠢᠲᠠᠢ ᠵᠡᠭᠦᠨᠰᠢᠯᠡᠨ ᠳᠠᠪᠬᠢᠭᠤᠯᠵᠤ ᠪᠠᠢᠭ᠎ᠠ ᠨᠢ ᠡᠨᠡ ᠪᠠᠢᠪᠠ᠃ 
       ᠦᠳᠡ ᠬᠡᠯᠪᠡᠢᠬᠦ ᠳ᠋ᠦ᠍ ᠠᠩᠴᠢᠨᠵᠠᠪ ᠰᠠᠭᠠᠳᠠᠭ ᠤ᠋ᠨ ᠭᠣᠣᠯ ᠳ᠋ᠤ᠌ ᠣᠷᠣᠵᠤ ᠢᠷᠡᠪᠡ᠃ ᠪᠢᠲᠡᠭᠦᠦ ᠪᠤᠷᠭᠠᠰᠤ ᠲᠠᠢ ᠰᠠᠭᠠᠳᠠᠭ ᠤ᠋ᠨ ᠭᠣᠣᠯ ᠲᠤᠨᠤᠯᠵᠠᠨ ᠤᠷᠤᠰᠴᠤ ᠴᠢᠭᠢᠭ ᠳᠠᠭᠠᠭᠠᠭᠰᠠᠨ ᠨᠤᠭᠤ ᠶ᠋ᠢᠨ ᠵᠦᠯᠭᠡᠨ ᠳ᠋ᠦ᠍ ᠬᠡᠳᠦᠨ ᠲᠤᠭᠤᠯ ᠲᠠᠢ ᠦᠨᠢᠶ᠎ᠡ᠂ ᠴᠢᠳᠥᠷ ᠲᠡᠢ ᠮᠣᠷᠢ ᠲᠠᠢᠪᠤᠩ ᠢᠳᠡᠰᠢᠯᠡᠬᠦ ᠶ᠋ᠢ ᠬᠠᠷᠠᠭᠠᠳ ᠰᠡᠳᠬᠢᠯ ᠨᠢ ᠬᠥᠪᠬᠡᠯᠵᠡᠵᠦ《ᠠ᠂ ᠶᠠᠮᠠᠷ ᠰᠠᠢᠬᠠᠨ ᠵᠢᠷᠤᠭ ᠰᠢᠭ᠋ ᠭᠠᠩᠭᠠᠩ ᠪᠠᠢᠭᠠᠯᠢ ᠪᠣᠢ! ᠤᠰᠤ ᠲᠠᠢ᠂ ᠰᠢᠭᠤᠢ ᠲᠠᠢ᠂ ᠵᠦᠯᠭᠡ ᠨᠣᠭᠣᠭ᠎ᠠ ᠵᠦᠢᠯ ᠦ᠋ᠨ ᠴᠡᠴᠡᠭ᠁ ᠪᠠᠰᠠ ᠦᠬᠡᠷ ᠮᠠᠯ᠁ ᠡᠨᠡ ᠬᠠᠪᠢ ᠪᠠᠷ ᠣᠢᠷᠠᠬᠠᠨ ᠠᠢᠯ ᠪᠠᠢᠨ᠎ᠠ ᠳᠠ᠃ ᠠᠢᠯ ᠳ᠋ᠤ᠌ ᠣᠷᠣᠵᠤ ᠠᠶᠠᠭ᠎ᠠ ᠴᠠᠢ ᠣᠭᠣᠴᠢᠯᠠᠭᠠᠳ᠂ ᠠᠮᠠᠨ ᠬᠡᠰᠢᠭ ᠲᠠᠭᠠᠷᠠᠪᠠᠯ ᠠᠢᠷᠠᠭ ᠴᠦ᠍ ᠣᠯᠵᠤ ᠤᠤᠭᠤᠬᠤ ᠮᠠᠭᠠᠳ ᠦᠭᠡᠢ》 ᠭᠡᠵᠦ ᠰᠠᠢᠬᠠᠨ ᠶᠠᠭᠤᠮ᠎ᠠ ᠪᠣᠳᠣᠴᠢᠬᠠᠭᠠᠳ ᠭᠡᠨᠡᠳᠲᠡ ᠪᠣᠳᠣᠯ ᠢ᠋ᠶ᠋ᠠᠨ ᠥᠭᠡᠷᠡᠲᠦᠭᠦᠯᠵᠦ《ᠵᠠ᠂ ᠪᠣᠯᠢᠶ᠎ᠠ ᠵᠦᠭᠡᠷ᠃ ᠲᠠᠨᠢᠬᠤ ᠲᠠᠨᠢᠬᠤ ᠦᠭᠡᠢ ᠠᠢᠯ ᠳ᠋ᠤ᠌ ᠣᠷᠣᠵᠤ ᠪᠡᠶ᠎ᠡ ᠪᠡᠨ ᠲᠠᠨᠢᠭᠤᠯᠤᠨ ᠶᠠᠷᠰᠢᠭ ᠲᠠᠲᠠᠬᠤ ᠪᠠᠨ ᠪᠠᠢᠶ᠎ᠠ! ᠡᠨᠡ ᠣᠷᠣᠭ᠎ᠠ ᠪᠣᠰᠬᠠᠭ᠎ᠠ ᠴᠠᠭ ᠲᠤ ᠬᠥᠮᠦᠨ ᠬᠠᠷ᠎ᠠ ᠲᠠᠢ ᠴᠥᠭᠡᠨ ᠠᠭᠤᠯᠵᠠᠵᠤ ᠶᠠᠪᠤᠭᠰᠠᠨ ᠨᠢ ᠳᠡᠭᠡᠷ᠎ᠡ ᠶᠦᠮ》 ᠭᠡᠵᠦ ᠳᠦᠳᠦᠨᠡᠨ᠂ ᠮᠣᠷᠢᠳ ᠤ᠋ᠨ ᠢ᠋ᠶ᠋ᠠᠨ ᠬᠥᠯ ᠢ᠋ ᠠᠮᠠᠷᠠᠭᠠᠵᠤ᠂ ᠡᠪᠡᠰᠦ ᠬᠠᠵᠠᠭᠤᠯᠴᠢᠬᠠᠭᠠᠳ ᠥᠪᠡᠷ ᠢ᠋ᠶ᠋ᠡᠨ ᠡᠩᠭᠡᠷ ᠦ᠋ᠨ ᠭᠠᠭᠴᠠ ᠪᠤᠷᠭᠠᠰᠤᠨ ᠤ᠋ ᠰᠡᠭᠦᠳᠡᠷ ᠲᠦ᠍ ᠲᠩᠷᠢ ᠬᠠᠷᠠᠨ ᠬᠡᠪᠲᠡᠪᠡ᠃
      《ᠪᠤᠭᠤᠲᠤ ᠶ᠋ᠢᠨ ᠠᠷᠤ ᠳᠠᠪᠠᠭ᠎ᠠ ᠶ᠋ᠢ ᠰᠠᠭᠠᠳ ᠦᠭᠡᠢ ᠪᠠᠭᠤᠪᠠᠯ᠁ ᠵᠠ᠂ ᠪᠠᠢᠵᠠ ᠬᠣᠶᠠᠷ ᠬᠡᠭᠡᠷ ᠦ᠋ᠨ ᠢ᠋ᠶ᠋ᠡᠨ ᠥᠨᠳᠥᠷ ᠴᠡᠭᠡᠵᠢ ᠲᠡᠢ ᠨᠠᠷᠢᠨ ᠬᠡᠭᠡᠷ ᠢ᠋ ᠮᠠᠨᠴᠤᠷᠭ᠎ᠠ ᠳ᠋ᠤ᠌ ᠥᠭᠴᠦ᠂ ᠨᠥᠭᠦᠭᠡ ᠪᠤᠷᠤᠭᠤ ᠲᠠᠯ᠎ᠠ ᠠ᠋ᠴᠠ ᠪᠠᠨ ᠨᠠᠳᠬᠤᠨ ᠪᠤᠯᠭᠢᠳᠠᠭ ᠬᠡᠭᠡᠷ ᠢ᠋ ᠮᠥᠩᠭᠥ ᠪᠣᠯᠭᠠᠵᠤ ᠵᠠᠷᠤᠴᠢᠬᠠᠭᠠᠳ ᠬᠣᠶᠠᠭᠤᠯᠠ ᠮᠠᠭᠠᠵᠢ ᠶ᠋ᠢᠨ ᠴᠣᠬᠣᠷ ᠤ᠋ᠨ ᠭᠤᠸᠠᠩᠰᠠᠨ ᠳ᠋ᠤ᠌ ᠭᠠᠯᠠᠭᠤᠨ ᠬᠦᠵᠦᠭᠦᠲᠦ ᠲᠡᠪᠡᠷᠢᠵᠦ ᠰᠠᠢᠨ ᠨᠢᠭᠡ ᠪᠡᠶ᠎ᠡ ᠶ᠋ᠢᠨ ᠴᠢᠯᠡᠭᠡ ᠲᠠᠢᠯᠵᠤ ᠰᠠᠭᠤᠬᠤ ᠶᠤᠮ ᠠ᠋! ᠢᠩᠭᠢᠬᠦ ᠴᠦ᠍ ᠪᠠᠰᠠ ᠡᠷ᠎ᠡ ᠬᠥᠮᠦᠨ ᠦ᠌ ᠵᠢᠷᠭᠠᠯ ᠰᠢᠦ ᠳᠡ!》 ᠭᠡᠵᠦ ᠡᠢᠨ ᠲᠡᠢᠨ ᠪᠣᠳᠣᠨ ᠬᠡᠪᠲᠡᠬᠦ ᠳ᠋ᠦ᠍ ᠨᠣᠢᠷ ᠡᠷᠪᠡᠭᠡᠨᠡᠵᠦ ᠪᠠᠢᠪᠠ᠃ 
       ᠥᠴᠥᠭᠡᠳᠦᠷ ᠰᠥᠨᠢ ᠠᠭᠤᠯᠠ ᠶ᠋ᠢᠨ ᠬᠢᠷ᠎ᠠ ᠳᠡᠭᠡᠷ᠎ᠡ ᠬᠣᠨᠣᠭᠰᠠᠨ ᠪᠣᠯᠬᠣᠷ ᠬᠥᠳᠡᠭᠡ ᠬᠡᠭᠡᠷ᠎ᠡ ᠰᠢᠭᠦᠳᠡᠷᠢ ᠶ᠋ᠢᠨ ᠵᠢᠩ ᠳ᠋ᠦ᠍ ᠬᠤᠪᠴᠠᠰᠤ ᠳᠡᠪᠲᠦᠵᠦ ᠵᠢᠭᠡᠭᠦᠰᠦᠭᠡᠳ ᠨᠣᠢᠷ ᠠᠯᠳᠠᠪᠠ᠃ ᠣᠳᠣ ᠨᠠᠷᠠᠨ ᠤ ᠣᠢᠯᠲᠠ ᠳᠤ ᠪᠡᠶ᠎ᠡ ᠲᠠᠯᠪᠢᠭᠤᠷᠠᠨ ᠠᠶᠠᠲᠠᠢᠬᠠᠨ ᠰᠠᠨᠠᠭᠳᠠᠵᠤ᠂ ᠪᠤᠷᠭᠠᠰᠤᠨ ᠤ ᠴᠣᠬᠣᠷ ᠰᠡᠭᠦᠳᠡᠷ ᠲᠦ ᠲᠦᠳᠡᠬᠡᠨ ᠳᠤᠭᠵᠢᠷᠠᠵᠤ ᠣᠷᠬᠢᠪᠠ᠃
       ᠁ ᠮᠥᠨ ᠰᠠᠭᠠᠳᠠᠭ ᠤ᠋ᠨ ᠭᠣᠣᠯ ᠤ᠋ᠨ ᠪᠤᠷᠭᠠᠰᠤ ᠲᠠᠢ ᠨᠤᠭᠤ ᠶ᠋ᠢᠨ ᠡᠬᠢᠨ ᠳ᠋ᠦ᠍ ᠠᠩᠴᠢᠨᠵᠠᠪ ᠪᠣᠷᠣ ᠭᠡᠷ ᠢ᠋ᠶ᠋ᠡᠨ ᠪᠣᠰᠬᠠᠵᠤ ᠪᠣᠷ ᠪᠣᠷ ᠤᠲᠤᠭ᠎ᠠ ᠪᠤᠷᠭᠢᠭᠤᠯᠤᠨ ᠤᠨᠤᠬᠤ ᠠ᠋ᠴᠠ ᠮᠣᠷᠢ ᠲᠠᠢ᠂ ᠤᠨᠠᠭᠠᠬᠤ ᠠ᠋ᠴᠠ ᠢᠮᠠᠭ᠎ᠠ ᠲᠠᠢ᠂ ᠬᠥᠯ ᠵᠠᠯᠭᠠᠬᠤ ᠠ᠋ᠴᠠ ᠬᠦᠦ ᠲᠡᠢ᠂ ᠬᠠᠷᠢ ᠳ᠋ᠤ᠌ ᠪᠣᠭᠲᠣᠯᠠᠬᠤ ᠥᠬᠢᠨ ᠲᠡᠢ ᠶᠣᠰᠣᠲᠠᠢ ᠯᠠ ᠵᠢᠷᠭᠤᠭᠠᠨ ᠬᠠᠨ᠎ᠠ ᠲᠠᠢ ᠭᠡᠷ ᠲᠡᠭᠡᠨ ᠵᠢᠷᠭᠠᠯ ᠴᠠᠯᠭᠢᠭᠤᠯᠤᠭᠰᠠᠨ ᠠᠮᠢᠳᠤᠷᠠᠯ ᠲᠠᠢ ᠪᠣᠯᠴᠢᠬᠠᠭᠰᠠᠨ ᠪᠠᠢᠨ᠎ᠠ᠃  
       ᠨᠢᠭᠡ ᠡᠳᠦᠷ ᠬᠠᠮᠢᠭ᠎ᠠ ᠠ᠋ᠴᠠ ᠴᠦ᠍ ᠶᠤᠮ ᠪᠦᠦ ᠮᠡᠳᠡ᠂ ᠮᠠᠨᠵᠤ ᠶ᠋ᠢᠨ ᠰᠠᠭᠰᠠᠭ ᠮᠠᠯᠠᠭᠠᠢ ᠲᠠᠢ᠂ ᠮᠠᠬᠠᠢ ᠪᠥᠰ ᠭᠤᠲᠤᠯ ᠲᠠᠢ ᠬᠣᠶᠠᠷ ᠭᠣᠴᠢᠭ᠎ᠠ ᠱᠣᠩ ᠳᠡᠭᠡᠷ᠎ᠡ ᠪᠠᠭᠤᠵᠤ ᠪᠠᠢᠯ᠎ᠠ᠃ ᠥᠨᠥᠬᠢ ᠬᠣᠶᠠᠷ ᠨᠣᠬᠠᠢ ᠬᠣᠷᠢᠬᠤ ᠶ᠋ᠢᠨ ᠴᠦ᠍ ᠵᠠᠪ ᠦᠭᠡᠢ ᠬᠠᠶᠠᠭᠠᠨ ᠳ᠋ᠤ᠌ ᠳᠥᠭᠥᠵᠦ ᠢᠷᠡᠭᠡᠳ ᠠᠩᠴᠢᠨᠵᠠᠪ ᠤ᠋ᠨ ᠡᠮᠦᠨ᠎ᠡ ᠥᠷᠥᠭᠡᠰᠦᠨ ᠡᠪᠦᠳᠦᠭ ᠢ᠋ᠶ᠋ᠡᠷ ᠢ᠋ᠶ᠋ᠡᠨ ᠰᠥᠬᠥᠷᠡᠨ ᠠᠮᠤᠷ ᠠᠢᠯᠠᠳᠬᠠᠨ᠄ 
       — ᠡᠷᠬᠢᠮ ᠠᠭᠡ ᠠᠮᠤᠷ ᠰᠠᠢᠨ? ᠭᠡᠵᠦ ᠰᠤᠷᠭᠠᠭᠤᠯᠢᠯᠠᠯ ᠲᠠᠢ ᠶᠤᠮ ᠰᠢᠭ᠋ ᠵᠡᠷᠭᠡ ᠪᠡᠷ ᠭᠤᠩᠰᠢᠨ ᠳᠤᠤᠭᠠᠷᠪᠠ᠃ 
       — ᠵᠠ ᠰᠠᠢᠨ ᠰᠠᠢᠨ! ᠲᠠ ᠨᠠᠷ ᠰᠠᠢᠨ ᠶᠠᠪᠤᠵᠤ ᠢᠷᠡᠪᠡ ᠤᠤ? ᠭᠡᠵᠦ ᠬᠠᠷᠢᠭᠤ ᠮᠡᠨᠳᠦᠯᠡᠭᠰᠡᠨ ᠳ᠋ᠦ᠍ ᠥᠨᠥᠬᠢ ᠬᠣᠶᠠᠷ ᠭᠣᠴᠢᠭ᠎ᠠ᠄ 
       — ᠮᠠᠨ ᠤ᠋ ᠨᠣᠶᠠᠨᠲᠠᠨ ᠡᠷᠬᠢᠮ ᠠᠭᠡ ᠶ᠋ᠢ ᠬᠦᠩ ᠦ᠋ᠨ ᠣᠷᠳᠣᠨ ᠳ᠋ᠠᠭᠠᠨ ᠵᠠᠯᠠᠵᠤ ᠪᠠᠢᠨ᠎ᠠ ᠭᠡᠯ᠎ᠡ᠃ 
       — ᠨᠣᠶᠠᠨᠲᠠᠨ⁈ 
       — ᠲᠡᠢᠮᠦ! ᠮᠠᠨ ᠤ᠋ ᠨᠣᠶᠠᠨᠲᠠᠨ ᠤ᠋ ᠬᠠᠲᠤᠭᠲᠠᠢ ᠬᠣᠪᠢᠯᠴᠡᠴᠡᠭ ᠡᠵᠢ ᠲᠠᠨ ᠤ᠋ ᠡᠵᠢ ᠶᠦᠮ ᠭᠡᠰᠡᠨ ᠪᠢᠵᠡ! ᠭᠡᠵᠦ ᠨᠥᠭᠦᠭᠡ ᠭᠣᠴᠢᠭ᠎ᠠ ᠨᠢ ᠨᠥᠬᠥᠵᠦ ᠬᠡᠯᠡᠨ᠎ᠡ᠃ 
       — ᠲᠡᠢᠮᠦ ᠠ᠋᠂ ᠮᠢᠨᠦ ᠡᠵᠢ ᠮᠥᠨ! 
       — ᠵᠠ᠂ ᠲᠡᠭᠡᠪᠡᠯ ᠡᠷᠬᠢᠮ ᠠᠭᠡ ᠪᠢᠳᠡᠨᠦᠰ ᠲᠡᠢ ᠶᠠᠪᠤᠬᠤ ᠪᠠᠷ ᠪᠠᠵᠠᠭ᠎ᠠ! ᠭᠡᠵᠦ ᠨᠢᠭᠡ ᠨᠢ ᠱᠠᠯᠠᠪᠳᠠᠭᠤᠯᠬᠤ ᠳ᠋ᠤ᠌ ᠨᠥᠭᠦᠭᠡ ᠨᠢ ᠪᠠᠰᠠ᠄ 
       — ᠪᠤᠰᠢᠭᠤᠯᠠᠨ᠎ᠠ ᠰᠢᠦ!  ᠠᠭᠡ ᠠ᠋! ᠭᠡᠵᠦ ᠰᠠᠨᠳᠤᠷᠭᠠᠨ᠎ᠠ᠁  
       ᠠᠩᠴᠢᠨᠵᠠᠪ ᠥᠨᠥᠬᠢ ᠬᠣᠶᠠᠷ ᠲᠠᠢ ᠭᠤᠷᠪᠠᠭᠤᠯᠠ ᠪᠣᠯᠵᠤ ᠲᠡᠨᠳᠡ ᠡᠴᠡ ᠮᠣᠷᠳᠠᠨ ᠬᠣᠨᠣᠭᠤᠲᠠ ᠱᠣᠭᠰᠢᠭᠤᠯᠵᠤ ᠶᠠᠪᠤᠭᠠᠳ ᠨᠢᠭᠡ ᠬᠡᠭᠡᠨᠴᠢᠷ ᠣᠷᠳᠣᠨ ᠤ᠋ ᠡᠭᠦᠳᠡᠨ ᠳ᠋ᠦ᠍ ᠬᠦᠷᠳᠡᠭ ᠶᠦᠮ ᠪᠠᠢᠨ᠎ᠠ᠃ ᠳᠣᠭᠰᠢᠨ ᠠᠷᠶᠶᠠᠲᠠᠨ ᠤ᠋ ᠰᠣᠶᠣᠭᠠᠨ ᠳ᠋ᠤ᠌ ᠭᠠᠷᠠᠬ᠎ᠠ ᠡᠮᠬᠦᠭᠦᠯᠵᠦ ᠲᠣᠪᠯᠠᠭᠰᠠᠨ ᠭᠠᠤᠯᠢᠨ ᠲᠣᠪᠣᠷᠤᠤ ᠲᠠᠢ ᠰᠡᠷ ᠨᠢ ᠦᠯᠦ ᠮᠡᠳᠡᠭᠳᠡᠮ᠎ᠡ ᠬᠣᠭᠵᠢᠷᠠᠵᠤ ᠤᠨᠠᠭᠰᠠᠨ ᠬᠦᠷᠡᠩ ᠪᠠᠨᠰᠠᠨ ᠬᠠᠭᠠᠯᠭ᠎ᠠ ᠲᠠᠢ ᠦᠨᠡᠰᠦᠨ ᠬᠥᠬᠡ ᠲᠣᠭᠣᠰᠬᠠᠨ ᠬᠡᠷᠡᠮ ᠦ᠋ᠨ ᠡᠭᠦᠳᠡᠨ ᠳ᠋ᠦ᠍ ᠢᠵᠢᠯᠢ ᠬᠣᠶᠠᠷ ᠠᠷᠰᠯᠠᠨ ᠱᠣᠩᠨᠣᠢᠭᠰᠠᠨ ᠨᠢ ᠪᠠᠷᠤᠭ ᠤ᠋ᠨ ᠬᠥᠮᠦᠨ ᠦ᠌ ᠣᠮᠣᠭ ᠰᠦᠷ ᠲᠦ᠍ ᠳᠠᠷᠤᠯᠭ᠎ᠠ ᠪᠣᠯᠵᠤ ᠬᠠᠷᠠᠭᠳᠠᠨ᠎ᠠ᠃ 
       ᠨᠣᠶᠠᠨ ᠤ᠋ ᠵᠥᠪᠰᠢᠶᠡᠷᠡᠯ ᠢ᠋ᠶ᠋ᠡᠷ ᠣᠩᠭᠣᠢᠳᠠᠭ ᠭᠠᠤᠯᠢᠨ ᠲᠣᠪᠣᠷᠤᠤ ᠲᠠᠢ ᠬᠠᠭᠠᠯᠭ᠎ᠠ ᠢᠷᠠᠭᠳᠠᠬᠤ ᠳ᠋ᠤ᠌ ᠡᠭᠦᠳᠡᠨ ᠦ᠌ ᠴᠠᠭᠠᠨ ᠠᠷᠰᠯᠠᠨ ᠰᠢᠭ᠋ ᠮᠠᠭᠤᠬᠠᠢ ᠬᠢᠬᠤᠨᠠᠨ ᠲᠤᠤᠭᠠᠷᠠᠨ᠎ᠠ᠃ ᠡᠨᠡ ᠬᠦ᠌ ᠶᠡᠷᠦ ᠪᠤᠰᠤ ᠶ᠋ᠢᠨ ᠡᠭᠦᠳᠡ ᠪᠡᠷ ᠠᠩᠴᠢᠨᠵᠡᠪ ᠠᠩᠬ᠎ᠠ ᠠᠯᠬᠤᠵᠤ ᠪᠠᠢᠨ᠎ᠠ᠃ ᠬᠠᠲᠤᠭᠲᠠᠢ ᠡᠵᠢ᠂ ᠨᠣᠶᠠᠨᠲᠠᠨ ᠤ᠋ ᠤᠷᠢᠯᠭ᠎ᠠ ᠡᠪᠦᠷᠯᠡᠭᠰᠡᠨ ᠳ᠋ᠡᠭᠡᠨ ᠣᠮᠣᠭᠯᠠᠩ ᠠᠯᠬᠤᠬᠤ ᠵᠣᠷᠢᠭ ᠲᠠᠢ ᠪᠠᠢᠯ᠎ᠠ᠃ ᠡᠰᠡ ᠲᠡᠢᠮᠦ ᠪᠣᠯ ᠠᠷᠰᠯᠠᠨ ᠳᠠᠷᠤᠭᠤᠯᠭ᠎ᠠ ᠲᠠᠢ ᠥᠨᠳᠥᠷ ᠬᠥᠬᠡ ᠬᠡᠷᠡᠮ᠂ ᠠᠷᠬᠢᠷᠠᠨ ᠬᠢᠬᠤᠨᠠᠬᠤ ᠬᠦᠷᠡᠩ ᠪᠠᠨᠰᠠᠨ ᠬᠠᠭᠠᠯᠭ᠎ᠠ ᠪᠠᠷ ᠣᠷᠣᠬᠤ ᠲᠠᠢ ᠵᠡᠷᠭᠡ ᠬᠡᠨ ᠬᠥᠮᠦᠨ ᠴᠦ᠍ ᠡᠷᠬᠡ ᠦᠭᠡᠢ ᠰᠦᠷᠳᠡᠭᠳᠡᠵᠦ᠂ ᠡᠪᠦᠳᠦᠭ ᠢ᠋ᠶ᠋ᠡᠷ ᠢ᠋ᠶ᠋ᠡᠨ ᠨᠤᠭᠤᠷᠠᠵᠤ ᠶᠠᠰᠤ ᠨᠢ ᠬᠠᠪᠲᠠᠯᠵᠠᠬᠤ ᠶᠠᠳᠠᠬᠤ ᠦᠭᠡᠢ᠃ 
       ᠥᠨᠥᠬᠢ ᠬᠣᠶᠠᠷ ᠭᠣᠴᠢᠭ᠎ᠠ ᠲᠠᠢ ᠢᠵᠢᠯᠬᠡᠨ ᠬᠦᠷᠮ᠎ᠡ ᠵᠠᠰᠠᠯ ᠲᠠᠢ ᠬᠠᠷᠠᠭᠤᠯ ᠤ᠋ᠨ ᠭᠣᠴᠢᠭ᠎ᠠ ᠬᠣᠷᠢᠨ ᠠᠯᠬᠤᠮ ᠠᠯᠤᠰᠯᠠᠭᠠᠳ ᠬᠣᠶᠠᠷ ᠬᠣᠶᠠᠷ ᠢ᠋ᠶ᠋ᠠᠷ ᠡᠰᠡᠷᠭᠦᠯᠡᠨ ᠵᠣᠭᠰᠣᠵᠤ ᠡᠨᠡ ᠡᠭᠦᠳᠡ ᠪᠡᠷ ᠣᠷᠣᠵᠤ ᠣᠴᠢᠭᠰᠠᠨ ᠪᠦᠭᠦᠳᠡ ᠶ᠋ᠢ ᠵᠢᠰᠦ ᠴᠢᠷᠠᠢ᠂ ᠡᠮᠦᠰᠬᠡᠯ ᠬᠤᠪᠴᠠᠰᠤ᠂ ᠠᠯᠬᠤᠬᠤ ᠭᠢᠰᠬᠢᠬᠦ᠁ ᠠᠯᠢᠨ ᠪᠦᠬᠦᠨ ᠢ᠋ ᠰᠢᠭᠰᠢᠨ ᠰᠢᠯᠭᠠᠬᠤ ᠮᠡᠲᠦ ᠮᠠᠰᠢᠳᠠ ᠬᠢᠨᠠᠭᠤᠷᠢ ᠬᠠᠷᠠᠨ᠎ᠠ᠃  
       ᠬᠣᠶᠠᠷ ᠭᠣᠴᠢᠭ᠎ᠠ ᠶ᠋ᠢᠨ ᠳᠠᠭᠠᠭᠤᠯᠭ᠎ᠠ ᠪᠠᠷ ᠭᠣᠣᠯ ᠣᠷᠳᠣᠨ ᠳ᠋ᠤ᠌ ᠣᠷᠣᠪᠠ᠃ ᠥᠨᠥᠬᠢ ᠬᠣᠶᠠᠷ ᠭᠣᠴᠢᠭ᠎ᠠ ᠬᠣᠢᠮᠣᠷ ᠰᠠᠭᠠᠲᠠᠭᠰᠠᠨ ᠨᠣᠶᠠᠨᠲᠠᠨ ᠳ᠋ᠤ᠌᠄ 
       — ᠡᠷᠬᠢᠨ ᠨᠣᠶᠠᠨᠲᠠᠨ ᠠᠮᠤᠭᠤᠯᠠᠩ? ᠭᠡᠵᠦ ᠬᠣᠶᠠᠭᠤᠯᠠ ᠪᠠᠨ ᠵᠡᠷᠭᠡ ᠪᠡᠷ ᠬᠥᠰᠡᠷ ᠲᠦᠰ ᠬᠢᠲᠡᠯ᠎ᠡ ᠰᠥᠭᠥᠳᠴᠦ ᠮᠥᠷᠭᠥᠭᠡᠳ《ᠡᠷᠭᠢᠨ ᠨᠣᠶᠠᠨᠲᠠᠨ ᠤ᠋ ᠵᠠᠷᠯᠢᠭ ᠢ᠋ᠶ᠋ᠠᠷ ᠠᠭᠡ ᠶ᠋ᠢ ᠠᠮᠤᠷ ᠮᠡᠨᠳᠦ ᠰᠠᠭᠠᠲᠠᠭᠤᠯᠵᠤᠬᠤᠢ!》 ᠭᠡᠰᠡᠨ ᠳ᠋ᠦ᠍ ᠨᠣᠶᠠᠨᠲᠠᠨ᠄ 
       — ᠵᠠ᠂ ᠪᠣᠰ ᠪᠣᠰ! ᠭᠡᠰᠡᠨ ᠳ᠋ᠦ᠍ ᠥᠨᠥᠬᠢ ᠬᠣᠶᠠᠷ ᠭᠣᠴᠢᠭ᠎ᠠ ᠰᠠᠨᠳᠤᠷᠤᠨ ᠪᠣᠰᠴᠤ ᠮᠡᠬᠦᠢᠭᠡᠳ ᠪᠥᠭᠰᠡ ᠪᠡᠷ ᠢ᠋ᠶ᠋ᠡᠨ ᠴᠤᠬᠤᠢᠨ ᠭᠠᠷᠪᠠ᠃  
       ᠬᠣᠪᠣᠩ ᠴᠦ᠍ ᠭᠡᠮᠡᠷ ᠲᠣᠮᠣ ᠭᠤᠷᠪᠠᠨ ᠬᠥᠯ ᠲᠡᠢ ᠮᠠᠨᠤᠬᠤ ᠭᠥᠯᠢᠰ ᠡᠴᠡ ᠠᠷᠢᠭᠤᠨ ᠬᠦᠵᠢᠰ ᠦ᠋ᠨ ᠦᠨᠦᠷ ᠬᠠᠩᠬᠤᠯᠵᠤ᠂ ᠡᠢᠰᠢ ᠲᠠᠢᠰᠢ ᠰᠢᠷᠪᠢᠨ ᠬᠠᠷᠠᠪᠠᠯ ᠠᠯᠢᠪᠠ ᠡᠳ᠋ᠯᠡᠯ ᠬᠡᠷᠡᠭᠰᠡᠯ ᠴᠡᠪᠡᠷ ᠴᠡᠮᠴᠡᠭᠡᠷ᠃ ᠠᠯᠲᠠ ᠮᠥᠩᠭᠥᠨ ᠡᠳ᠋ᠯᠡᠯ ᠲᠠᠸᠠᠷ᠂ ᠬᠣᠷᠭᠣᠢ ᠲᠣᠷᠭ᠎ᠠ᠂ ᠭᠬᠢᠪ ᠳᠤᠷᠳᠤᠩ᠂ ᠬᠠᠰ ᠣᠭ᠌ᠶᠤ᠂ ᠱ᠌ᠢᠷᠦ ᠰᠤᠪᠤᠳ᠁ ᠶᠣᠰᠣᠲᠠᠢ ᠲᠣᠭᠣᠰᠣ ᠲᠣᠷᠲᠣᠭ ᠦᠭᠡᠢ ᠡᠷᠬᠢᠮᠰᠦᠭ ᠠᠷᠢᠭᠤᠨ ᠣᠷᠳᠣᠨ ᠠᠵᠤᠭᠤ ᠭᠡᠵᠦ ᠰᠠᠨᠠᠬᠤ ᠳ᠋ᠤ᠌ ᠥᠪᠡᠷ ᠦ᠋ᠨ ᠪᠡᠶ᠎ᠡ ᠶ᠋ᠢᠨ ᠬᠥᠳᠡᠭᠡ ᠪᠣᠷᠣ ᠡᠮᠦᠰᠬᠡᠯ ᠵᠡᠭᠦᠭᠡᠯ ᠡᠨᠡ ᠣᠷᠴᠢᠨ ᠠᠬᠤᠢ ᠳ᠋ᠤ᠌ ᠳᠠᠩᠴᠤ ᠵᠣᠬᠢᠴᠠᠮ᠎ᠠ ᠦᠭᠡᠢ ᠭᠡᠵᠦ ᠪᠡᠶ᠎ᠡ ᠪᠡᠨ ᠭᠣᠯᠣᠨ ᠭᠤᠲᠤᠷᠠᠵᠤ ᠵᠣᠭᠰᠣᠨ᠎ᠠ᠁ 
       ᠣᠭ᠌ᠶᠤ ᠱ᠌ᠢᠷᠦᠨ ᠤᠨᠵᠢᠯᠭ᠎ᠠ ᠰᠠᠨᠵᠢᠯᠭ᠎ᠠ ᠲᠠᠢ᠂ ᠮᠥᠩᠭᠥᠨ ᠴᠢᠮᠡᠭᠲᠦ ᠰᠦᠢᠬᠡ ᠲᠡᠢ ᠲᠣᠯᠣᠭᠠᠢ ᠶ᠋ᠢᠨ ᠵᠢᠮᠰᠡᠭ ᠵᠡᠭᠦᠵᠦ᠂ ᠵᠣᠭᠣᠰᠤᠨ ᠪᠣᠷᠣ ᠲᠡᠷᠯᠢᠭ ᠳᠡᠭᠡᠷ᠎ᠡ ᠳᠠᠪᠬᠤᠷ ᠡᠮᠵᠢᠶᠡᠷᠢᠲᠠᠢ ᠬᠦᠷᠡᠩ ᠬᠣᠷᠭᠣᠢ ᠤᠤᠵᠢ ᠶᠠᠩᠵᠤᠯᠠᠵᠤ ᠡᠮᠦᠰᠦᠭᠰᠡᠨ ᠢᠨᠢᠶᠡᠮᠰᠦᠭ ᠡᠨᠡᠷᠢᠩᠭᠦᠢ ᠬᠤᠸᠠ ᠴᠠᠭᠠᠨ ᠴᠢᠷᠠᠢ ᠲᠠᠢ ᠬᠠᠲᠤᠭᠲᠠᠢ ᠪᠠᠭᠤᠵᠤ ᠢᠷᠡᠨ ᠠᠩᠴᠢᠨᠵᠠᠪ ᠤ᠋ᠨ ᠮᠠᠩᠨᠠᠢ ᠶ᠋ᠢ ᠥᠬᠥᠭᠡᠷᠳᠡᠨ ᠦᠨᠦᠰᠴᠦ᠄ 
       — ᠮᠠᠭᠤ ᠬᠦᠦ ᠮᠢᠨᠢ᠁ ᠡᠳᠦᠢᠴᠢᠨᠡᠭᠡᠨ ᠵᠢᠯ ᠬᠠᠮᠢᠭᠠᠭᠤᠷ ᠲᠡᠨᠦᠵᠦ᠂ ᠬᠠᠯᠠᠭᠤᠨ ᠴᠢᠯᠠᠭᠤ ᠳᠣᠯᠢᠶᠠᠪᠠ? ᠭᠡᠳ ᠲᠣᠭᠲᠠᠭᠤᠬᠠᠨ ᠭᠡᠷᠡᠯ ᠣᠴᠢᠯᠠᠭᠰᠠᠨ ᠨᠣᠮᠣᠬᠠᠨ ᠪᠣᠷᠣ ᠨᠢᠳᠦᠨ ᠳ᠋ᠦ᠍ᠨᠢ ᠵᠠᠢᠷ ᠢᠪᠢᠯᠦᠭᠰᠡᠨ ᠳ᠋ᠦ᠍ ᠠᠩᠴᠢᠨᠴᠠᠪ᠄ 
       — ᠡᠵᠢ ᠠ᠋! ᠭᠡᠵᠦ ᠡᠪᠦᠳᠦᠭ ᠳᠣᠣᠷ᠎ᠠ ᠨᠢ ᠰᠥᠬᠥᠷᠡᠨ ᠮᠥᠷᠭᠥᠪᠡ᠃
       — ᠮᠢᠨᠦ ᠬᠦᠦ ᠪᠣᠰᠤᠭᠠᠴᠢ! ᠭᠡᠵᠦ ᠲᠡᠭᠦᠨ ᠢ᠋ ᠰᠤᠭᠤᠳᠠᠨ ᠡᠷᠭᠦᠵᠦ《ᠠᠩᠴᠢᠨᠵᠠᠪ ᠠ᠋᠂ ᠡᠨᠡ ᠨᠣᠶᠠᠨᠲᠠᠨ ᠭᠤᠸᠠᠢ ᠪᠣᠯ ᠠᠪᠤ ᠴᠢᠨᠢ ᠮᠥᠨ! ᠪᠠᠷᠠᠭᠤᠨ ᠬᠦᠩ ᠦ᠋ᠨ ᠬᠤᠰᠢᠭᠤᠨ ᠤ᠋ ᠪᠠᠷᠠᠭᠤᠨ ᠲᠤᠰᠠᠯᠠᠭᠴᠢ ᠨᠣᠶᠠᠨ᠁》 ᠭᠡᠵᠦ ᠬᠣᠢᠮᠣᠷ ᠤ᠋ᠨ ᠵᠥᠭᠡᠯᠡᠨ ᠢᠰᠡᠷᠢ ᠳ᠋ᠦ᠍ ᠲᠠᠢᠪᠤᠩ ᠰᠠᠭᠠᠲᠠᠭᠰᠠᠨ ᠤᠷᠤᠭ ᠪᠣᠷᠣ ᠰᠣᠶᠣᠭ᠎ᠠ ᠰᠠᠬᠠᠯ ᠲᠠᠢ᠂ ᠬᠦᠷᠡᠩ ᠱ᠌ᠢᠷᠦᠨ ᠵᠢᠩᠰᠡ ᠲᠡᠢ ᠡᠪᠦᠭᠡᠨ ᠢ᠋ ᠰᠢᠷᠳᠡᠨ ᠬᠡᠯᠡᠬᠦ ᠳ᠋ᠦ᠍ ᠨᠣᠶᠠᠨᠲᠠᠨ ᠢᠰᠡᠷᠢ ᠡᠴᠡ ᠪᠡᠨ ᠥᠨᠳᠡᠢᠵᠦ᠄ 
       — ᠠᠩᠴᠢᠨᠵᠠᠪ ᠠ᠋! ᠮᠢᠨᠦ᠁ ᠮᠢᠨᠦ ᠬᠦᠦ᠁ ᠭᠡᠬᠦ ᠳ᠋ᠦ᠍ ᠬᠣᠭᠣᠯᠠᠢ ᠨᠢ ᠴᠡᠴᠡᠷᠬᠢᠯᠡᠨ᠎ᠡ᠁ 
       ᠠᠩᠴᠢᠨᠵᠠᠪ ᠡᠨᠡ ᠤᠷᠤᠭ ᠪᠣᠷᠣ ᠡᠪᠦᠭᠡᠨ ᠨᠣᠶᠠᠨᠲᠠᠨ ᠢ᠋ ᠴᠣᠭᠣᠷᠠᠲᠠᠯ᠎ᠠ ᠰᠢᠷᠳᠡᠨ ᠦᠭᠡ ᠳᠠᠭᠤᠨ ᠦᠭᠡᠢ ᠮᠡᠯᠡᠷᠡᠵᠦ ᠵᠣᠭᠰᠣᠨ《ᠣᠷᠣᠢ ᠳᠡᠭᠡᠷ᠎ᠡ ᠪᠡᠨ ᠤᠲᠤᠭ᠎ᠠ ᠵᠢᠩᠰᠡ ᠭᠢᠯᠠᠯᠵᠠᠭᠤᠯᠵᠤ᠂ ᠡᠪᠦᠳᠦᠭ ᠳᠣᠣᠷ᠎ᠠ ᠪᠠᠨ ᠡᠭᠡᠯ ᠬᠠᠷᠠᠴᠤ ᠶ᠋ᠢ ᠰᠥᠬᠥᠷᠡᠭᠦᠯᠵᠦ ᠶᠠᠪᠤᠬᠤ ᠳ᠋ᠠᠭᠠᠨ ᠪᠢᠳᠡ ᠡᠬᠡ ᠬᠦᠦ ᠬᠣᠶᠠᠷ ᠢ᠋ ᠡᠳᠦᠢᠴᠢᠨᠡᠭᠡᠨ ᠵᠢᠯ ᠥᠨᠥᠴᠢᠷᠡᠭᠦᠯᠵᠦ ᠬᠠᠶᠠᠭᠰᠠᠨ ᠢ᠋ᠶ᠋ᠠᠨ ᠶᠠᠭᠤ ᠭᠡᠵᠦ ᠰᠠᠨᠠᠪᠠ⁈ ᠦᠰᠦ ᠰᠠᠬᠠᠯ ᠴᠢᠨᠢ ᠪᠤᠭᠤᠷᠤᠯᠲᠤᠵᠤ᠂ ᠦᠶ᠎ᠡ ᠭᠡᠰᠢᠭᠦᠦ ᠴᠢᠨᠢ ᠱᠠᠷᠬᠢᠷᠠᠬᠤ ᠳ᠋ᠤ᠌ ᠡᠮ᠎ᠡ ᠦᠷ᠎ᠡ ᠪᠡᠨ ᠰᠠᠨᠠᠴᠢᠬᠠᠪᠠ ᠤᠤ?》 ᠭᠡᠵᠦ ᠳᠤᠷᠠᠮᠵᠢᠬᠠᠨ ᠪᠣᠳᠣᠭᠰᠠᠨ ᠳ᠋ᠤ᠌ ᠲᠡᠭᠦᠨ ᠦ᠌ ᠨᠢᠳᠦᠨ ᠡᠴᠡ ᠳᠣᠭᠰᠢᠨ ᠭᠡᠷᠡᠯ ᠭᠢᠯᠠᠯᠵᠠᠪᠠ᠃ 
       ᠬᠣᠪᠢᠯᠴᠡᠴᠡᠭ ᠬᠠᠲᠤᠭᠲᠠᠢ ᠠᠩᠴᠢᠨᠵᠠᠪ ᠢ᠋ ᠠᠷᠭᠠᠳᠠᠵᠤ᠄
       — ᠮᠢᠨᠦ ᠬᠦᠦ᠂ ᠠᠪᠤ ᠪᠠᠨ ᠲᠠᠨᠢᠵᠤ ᠰᠥᠭᠥᠳᠴᠦ ᠮᠥᠷᠭᠥ! ᠭᠡᠳ ᠨᠢᠯᠪᠤᠰᠤ ᠪᠠᠨ ᠵᠦᠯᠭᠦᠨ᠎ᠡ᠃ 
       ᠠᠩᠴᠢᠨᠵᠠᠪ ᠡᠬᠡ ᠶ᠋ᠢᠨ ᠢ᠋ᠶ᠋ᠡᠨ ᠡᠨᠡᠷᠢᠩᠭᠦᠢ ᠨᠣᠮᠣᠢ ᠳᠦᠷᠢ ᠶ᠋ᠢ ᠬᠠᠷᠠᠭᠠᠳ ᠰᠡᠳᠬᠢᠯ ᠤᠶᠠᠷᠠᠬᠤ ᠪᠣᠯᠪᠠᠴᠤ ᠡᠴᠢᠭᠡ ᠨᠣᠶᠠᠨᠲᠠᠨ ᠤ᠋ ᠶᠡᠬᠡᠮᠰᠦᠭ ᠴᠢᠷᠠᠢ ᠶ᠋ᠢ ᠬᠠᠷᠠᠭᠠᠳ ᠰᠡᠳᠬᠢᠯ ᠬᠠᠲᠠᠭᠤᠵᠢᠨ ᠴᠢᠩᠭᠠᠷᠠᠵᠤ᠂ ᠬᠡᠰᠡᠭ ᠪᠣᠳᠣᠯ ᠡᠭᠡᠳᠡᠷᠡᠨ ᠵᠣᠭᠰᠣᠭᠰᠠᠨ ᠳ᠋ᠤ᠌ ᠭᠡᠨᠡᠳᠲᠡ ᠬᠠᠮᠢᠭ᠎ᠠ ᠠ᠋ᠴᠠ ᠴᠦ᠍ ᠶᠤᠮ《ᠠᠩᠴᠢᠨᠵᠠᠪ ᠠ᠋᠁》 ᠭᠡᠬᠦ ᠰᠢᠭ ᠪᠠᠰᠠ《᠁ ᠠᠵᠢᠷᠭᠠᠨ ᠬᠠᠷ᠎ᠠ ᠠ᠋!》 ᠭᠡᠬᠦ ᠰᠢᠭ ᠬᠡᠨ ᠨᠢᠭᠡ ᠬᠥᠮᠦᠨ ᠰᠢᠷᠤᠩᠬᠠᠢᠯᠠᠨ ᠳᠠᠭᠤᠳᠠᠭᠰᠠᠨ ᠳ᠋ᠤ᠌ ᠠᠩᠴᠢᠨᠴᠠᠪ《 ᠵᠠ!》 ᠭᠡᠵᠦ ᠬᠠᠰᠬᠢᠷᠤᠨ ᠵᠡᠭᠦᠳᠦᠨ ᠡᠴᠡ ᠰᠣᠴᠢᠨ ᠰᠡᠷᠡᠪᠡ᠃ 
       ᠬᠠᠷᠠᠬᠤᠯ᠎ᠠ ᠤᠭᠠᠯᠵᠠᠯᠠᠨ ᠤᠷᠤᠰᠬᠤ ᠰᠠᠭᠠᠳᠠᠭ ᠤ᠋ᠨ ᠭᠣᠣᠯ ᠤ᠋ᠨ ᠴᠢᠨᠠᠳᠤ ᠢᠷᠮᠡᠭ ᠦ᠋ᠨ ᠳᠡᠨᠵᠢ ᠳᠡᠭᠡᠷ᠎ᠡ ᠬᠣᠶᠠᠷ ᠮᠣᠷᠢᠲᠠᠨ ᠴᠣᠭᠭᠢᠭᠤᠯᠤᠨ ᠶᠠᠪᠤᠭ᠎ᠠ ᠳ᠋ᠤ᠌ ᠬᠥᠯ ᠡᠴᠡ ᠪᠡᠨ ᠠᠷᠭᠠᠮᠵᠢᠭᠰᠠᠨ ᠡᠮᠡᠭᠡᠯᠲᠦ ᠬᠤᠸᠠ ᠮᠣᠷᠢ ᠨᠢ ᠮᠣᠷᠢᠲᠠᠢ ᠬᠥᠮᠦᠨ ᠦ᠌ ᠪᠠᠷ᠎ᠠ ᠪᠠᠷ ᠦᠦᠷᠰᠡᠨ ᠢᠨᠴᠠᠭᠠᠵᠤ《ᠠᠵᠢᠷᠭᠠᠨ ᠬᠠᠷ᠎ᠠ ᠠ᠋! ᠪᠣᠰᠤᠭᠠᠴᠢ!》 ᠭᠡᠵᠦ ᠡᠵᠡᠨ ᠢ᠋ᠶ᠋ᠡᠨ ᠳᠠᠭᠤᠳᠠᠨ ᠰᠡᠷᠡᠭᠡᠭᠰᠡᠨ ᠪᠠᠢᠵᠠᠢ᠃
      《ᠦᠭᠡᠢ᠂ ᠪᠢ ᠴᠢᠨᠢ ᠶᠠᠭᠤ ᠶᠠᠭᠤ ᠭᠡᠵᠦ ᠵᠡᠭᠦᠳᠦᠯᠡᠪᠡ? ᠵᠡᠭᠦᠳᠦ ᠡᠰᠡᠷᠭᠦ ᠭᠡᠳᠡᠭ ᠶᠦᠮ᠃ ᠡᠨᠡ ᠵᠡᠭᠦᠳᠦ ᠴᠣᠬᠣᠮ ᠰᠠᠢᠨ ᠪᠡᠯᠭᠡ ᠤᠤ ᠮᠠᠭᠤ ᠢᠷᠣ᠎ᠠ ᠤᠤ?᠂ ᠵᠢᠰᠦ ᠭᠠᠯᠪᠢᠷ ᠢ᠋ ᠴᠦ᠍ ᠲᠠᠨᠢᠭ᠎ᠠ ᠦᠭᠡᠢ ᠵᠦᠩ ᠪᠡᠯᠭᠡ ᠪᠡᠷ ᠢ᠋ᠶ᠋ᠡᠨ ᠮᠥᠷᠥᠭᠡᠳᠵᠦ ᠶᠠᠪᠤᠭᠰᠠᠨ ᠡᠴᠢᠭᠡ ᠲᠡᠢ ᠪᠡᠨ ᠡᠷᠬᠢᠮᠰᠦᠭ ᠨᠣᠶᠠᠨᠲᠠᠨ ᠤ᠋ ᠬᠡᠭᠡᠨᠴᠢᠷ ᠣᠷᠳᠣᠨ ᠳ᠋ᠤ᠌ ᠠᠭᠤᠯᠵᠠᠴᠢᠬᠠᠯ᠎ᠠ᠁ ᠠᠷᠭᠠᠯ ᠬᠥᠷᠵᠡᠩ᠂ ᠰᠠᠭᠠᠯᠢ ᠰᠦ ᠦᠨᠦᠷᠲᠦᠭᠰᠡᠨ ᠡᠵᠢ ᠮᠢᠨᠢ ᠣᠭ᠌ᠶᠤ ᠱ᠌ᠢᠷᠦ᠂ ᠠᠯᠲᠠ ᠮᠥᠩᠭᠥᠨ ᠵᠠᠰᠠᠯ ᠵᠢᠮᠰᠡᠭ ᠲᠡᠢ ᠬᠠᠲᠤᠭᠲᠠᠢ ᠪᠣᠯᠴᠢᠬᠠᠭᠰᠠᠨ ᠪᠠᠢᠨ᠎ᠠ᠁ ᠮᠠᠭᠤ ᠢᠷᠣ᠎ᠠ ᠶ᠋ᠢᠨ ᠵᠡᠭᠦᠳᠦ! ᠵᠡᠭᠦᠳᠦ ᠡᠰᠡᠷᠭᠦ ᠭᠡᠳᠡᠭ ᠨᠢ ᠦᠨᠡᠨ ᠪᠠᠢᠵᠤ ᠲᠠᠭᠠᠷᠠᠨ᠎ᠠ》 ᠭᠡᠳ ᠪᠣᠰᠪᠠᠯ ᠴᠠᠭᠠᠰᠢ ᠳᠠᠪᠬᠢᠨ ᠣᠳᠤᠭᠰᠠᠨ ᠬᠣᠶᠠᠷ ᠮᠣᠷᠢᠲᠠᠨ ᠤ᠋ ᠬᠣᠢᠨ᠎ᠠ ᠠ᠋ᠴᠠ ᠰᠡᠳᠬᠢᠯ ᠬᠥᠭᠰᠡᠨ ᠦᠦᠷᠰᠡᠭᠰᠡᠨ ᠬᠤᠸᠠ ᠮᠣᠷᠢ ᠠᠯᠤᠰ ᠢ᠋ ᠰᠢᠷᠳᠡᠨ ᠵᠣᠭᠰᠣᠨ᠎ᠠ᠃ ᠬᠣᠶᠠᠷ ᠬᠡᠭᠡᠷ ᠮᠣᠷᠢ ᠮᠤᠨᠳᠠᠭ᠎ᠠ ᠮᠤᠨᠳᠠᠭ᠎ᠠ ᠪᠠᠨ ᠬᠡᠮᠡᠯᠢᠵᠦ ᠢᠵᠢᠯᠢᠰᠢᠨ ᠪᠠᠢᠭ᠎ᠠ ᠶ᠋ᠢ ᠬᠠᠷᠠᠭᠰᠠᠨ ᠠᠩᠴᠢᠨᠵᠠᠪ ᠤ᠋ᠨ ᠳᠣᠲᠣᠷ᠎ᠠ ᠮᠠᠨᠴᠤᠷᠭ᠎ᠠ ᠶ᠋ᠢ ᠰᠠᠨᠠᠵᠤ《ᠪᠢᠳᠡ ᠬᠣᠶᠠᠷ ᠠᠭᠤᠯᠵᠠᠬᠤ ᠳ᠋ᠤ᠌ ᠢᠵᠢᠯᠢ ᠬᠣᠶᠠᠷ ᠬᠡᠭᠡᠷ ᠰᠢᠭ ᠢ᠋ᠶ᠋ᠡᠨ ᠶᠦᠮ ᠠ᠋! ᠪᠢᠳᠡ ᠬᠣᠶᠠᠷ᠁ ᠵᠠ᠂ ᠣᠳᠣ ᠮᠣᠷᠳᠠᠶ᠎ᠠ!》 ᠭᠡᠳ ᠪᠣᠰᠬᠤ ᠳ᠋ᠤ᠌ ᠰᠡᠭᠦᠳᠡᠷ ᠡᠷᠭᠢᠵᠦ ᠰᠡᠷᠢᠭᠦᠦ ᠤᠨᠤᠴᠢᠬᠠᠭᠰᠠᠨ ᠰᠢᠭ᠋ ᠰᠠᠨᠠᠭᠳᠠᠯ᠎ᠠ᠃  
       ᠬᠤᠸᠠ ᠮᠣᠷᠢ ᠪᠠᠨ ᠶᠡᠭᠦᠯᠡᠵᠦ ᠨᠥᠭᠦᠭᠡ ᠨᠠᠷᠢᠨ ᠬᠡᠭᠡᠷ ᠲᠡᠢ ᠪᠡᠨ ᠬᠣᠯᠪᠣᠵᠤ ᠪᠤᠷᠤᠭᠤ ᠲᠠᠯ᠎ᠠ ᠠ᠋ᠴᠠ ᠪᠠᠨ ᠨᠠᠳᠬᠤᠳᠠᠭ ᠬᠡᠭᠡᠷ ᠢ᠋ᠶ᠋ᠡᠨ ᠡᠮᠡᠭᠡᠯᠯᠡᠪᠡ᠃
      《ᠪᠤᠭᠤᠲᠤ ᠶ᠋ᠢᠨ ᠬᠠᠷ᠎ᠠ ᠳᠠᠪᠠᠭ᠎ᠠ ᠪᠠᠷ ᠤᠷᠤᠭᠤᠳᠠᠬᠤ ᠳ᠋ᠤ᠌ ᠪᠣᠯᠤᠮᠵᠢ ᠦᠭᠡᠢ ᠶᠠᠭᠤᠮ᠎ᠠ ᠲᠠᠢ ᠤᠴᠠᠷᠠᠵᠤ ᠮᠠᠭᠠᠳ ᠦᠭᠡᠢ᠃ ᠨᠠᠳᠬᠤᠳᠠᠭ ᠬᠡᠭᠡᠷ ᠨᠢᠭᠡ ᠯᠡ ᠪᠤᠵᠢᠭᠢᠨᠠᠬᠤ ᠳ᠋ᠤ᠌ ᠠᠷᠢᠯᠵᠤ ᠣᠳᠤᠨ᠎ᠠ ᠰᠢᠦ! ᠵᠠᠩ ᠢ᠋ ᠨᠢ ᠮᠡᠳᠡᠳᠡᠭ ᠲᠡᠭᠡᠨ ᠨᠠᠳᠬᠤᠳᠠᠭ ᠪᠤᠯᠭᠢᠶᠠᠨ ᠳ᠋ᠤᠨᠢ ᠪᠢ ᠲᠡᠰᠴᠦ ᠲᠣᠭᠲᠠᠭᠠᠳ ᠳᠠᠯᠳᠠᠷᠠᠨ᠎ᠠ᠁ ᠵᠠᠩ ᠢ᠋ ᠨᠢ ᠮᠡᠳᠡᠬᠦ ᠦᠭᠡᠢ ᠨᠢᠭᠡ ᠨᠢ ᠤᠨᠤᠪᠠᠯ ᠭᠡᠨᠡᠳᠲᠡ ᠨᠠᠳᠬᠤᠬᠤ ᠳ᠋ᠤᠨᠢ ᠭᠠᠵᠠᠷ ᠰᠠᠭᠤᠴᠢᠬᠠᠭᠰᠠᠨ ᠪᠠᠢᠬᠤ ᠰᠢᠦ! ᠪᠠᠰᠠ ᠴᠦ᠍ ᠬᠡᠴᠡᠭᠦᠦ ᠠᠳᠤᠭᠤᠰᠤ ᠶᠤᠮ ᠠ᠋!》 ᠭᠡᠵᠦ ᠣᠯᠣᠩ ᠢ᠋ ᠨᠢ ᠴᠢᠪᠴᠢᠷᠠᠲᠠᠯ᠎ᠠ ᠲᠠᠲᠠᠭᠠᠳ ᠮᠣᠷᠳᠠᠬᠤ ᠳ᠋ᠤ᠌ ᠪᠤᠷᠤᠭᠤ ᠲᠠᠯ᠎ᠠ ᠠ᠋ᠴᠠ ᠪᠠᠨ ᠭᠡᠨᠡᠳᠲᠡ ᠲᠠᠰᠢᠭᠤᠷᠳᠠᠭᠤᠯᠤᠭᠰᠠᠨ ᠰᠢᠭ᠋ ᠪᠤᠯᠭᠢᠭᠰᠠᠨ ᠬᠡᠭᠡᠷ ᠨᠢᠭᠡ ᠯᠡ ᠪᠤᠵᠢᠭᠢᠨᠠᠭᠠᠳ ᠰᠠᠭᠠᠳᠠᠭ ᠤ᠋ᠨ ᠵᠡᠭᠦᠨ ᠬᠢᠷ᠎ᠠ᠂ ᠪᠡᠬᠢᠲᠦ ᠶ᠋ᠢᠨ ᠬᠥᠬᠡ ᠨᠢᠷᠤᠭᠤ ᠪᠠᠷ ᠪᠢᠴᠢᠭᠢᠨᠡᠵᠦ ᠪᠠᠢᠯ᠎ᠠ᠁ 
       ᠰᠡᠷ ᠰᠡᠷ ᠰᠡᠷᠴᠢᠭᠢᠨᠡᠭᠰᠡᠨ ᠵᠢᠪᠠᠷ ᠰᠢᠷᠦᠭᠦᠨ ᠳᠣᠪᠲᠣᠯᠬᠤ ᠮᠣᠷᠢᠨ ᠤ᠋ ᠬᠤᠷᠳᠤ ᠳ᠋ᠤ᠌ ᠴᠢᠬᠢᠨ ᠳ᠋ᠦ᠍ ᠱᠤᠤᠭᠢᠨ᠎ᠠ᠃ 
       ᠡᠷ᠎ᠡ ᠬᠥᠮᠦᠨ ᠰᠠᠢᠨ ᠮᠣᠷᠢᠲᠠᠢ ᠪᠠᠨ ᠲᠠᠯ᠎ᠠ ᠶ᠋ᠢᠨ ᠠᠭᠤᠳᠠᠮ ᠳ᠋ᠤ᠌ ᠴᠢᠯᠥᠭᠡᠲᠡᠢ ᠳᠠᠪᠬᠢᠭᠤᠯᠬᠤ ᠰᠢᠭ᠋ ᠵᠢᠷᠭᠠᠯ ᠬᠠᠮᠢᠭ᠎ᠠ ᠪᠠᠢᠬᠤ ᠪᠣᠢ⁈ ᠭᠡᠵᠦ ᠰᠠᠨᠠᠭᠰᠠᠨ ᠠᠩᠴᠢᠨᠵᠠᠪ᠄  
          ᠪᠣᠷᠣᠩ ᠬᠠᠨ ᠤ᠋ ᠪᠤᠷᠭᠠᠰᠤ ᠨᠢ 
          ᠬᠡᠳᠦᠢ ᠪᠣᠭᠣᠨᠢ ᠪᠣᠯᠪᠠᠴᠤ 
          ᠬᠠᠪᠤᠷ ᠤ᠋ᠨ ᠭᠤᠷᠪᠠᠨ ᠰᠠᠷ᠎ᠠ ᠳ᠋ᠠᠭᠠᠨ 
          ᠥᠨᠳᠥᠷᠯᠡᠬᠦᠢ ᠰᠢᠨᠵᠢ ᠲᠡᠢ᠃  
          ᠪᠢᠳᠤᠷᠢᠶᠠᠨ ᠶᠡᠬᠡ ᠴᠢᠯᠠᠭᠤ ᠨᠢ 
          ᠬᠡᠳᠦᠢ ᠬᠦᠨᠳᠦ ᠪᠣᠯᠪᠠᠴᠤ 
          ᠦᠶᠡᠷ ᠤᠰᠤᠨ ᠤ᠋ ᠳᠣᠯᠭᠢᠶᠠᠨ ᠳ᠋ᠤ᠌ 
          ᠰᠢᠯᠵᠢᠬᠦ ᠶᠠᠩᠵᠤ ᠲᠠᠢ᠁ ᠭᠡᠵᠦ《ᠪᠣᠷᠣᠩ ᠬᠠᠨ ᠤ᠋ ᠪᠤᠷᠭᠠᠰᠤ》 ᠶ᠋ᠢ ᠮᠣᠷᠢᠨ ᠤ᠋ ᠳᠠᠪᠬᠢᠶᠠᠨ ᠳ᠋ᠤ᠌ ᠰᠢᠷᠤᠩᠬᠠᠢᠯᠠᠨ᠎ᠠ᠃ 
       ᠬᠣᠷᠢᠳ ᠤ᠋ᠨ ᠰᠠᠷᠠ ᠵᠤᠯᠠᠷᠠᠩᠬᠠᠢ ᠰᠡᠢᠮᠡᠢᠵᠦ᠂ ᠬᠣᠯᠠ ᠶ᠋ᠢᠨ ᠪᠠᠷ᠎ᠠ ᠪᠦᠦᠳᠡᠭᠡᠷ ᠪᠠᠢᠪᠠ᠃ ᠠᠩᠴᠢᠨᠵᠠᠪ ᠬᠠᠷ᠎ᠠ ᠪᠤᠬᠠᠲᠤ ᠶ᠋ᠢᠨ ᠡᠬᠢᠨ ᠳ᠋ᠦ᠍ ᠬᠦᠷᠬᠦ ᠳ᠋ᠦ᠍ ᠠᠷᠪᠠᠭᠠᠳ ᠠᠳᠤᠭᠤ ᠢᠳᠡᠰᠢᠯᠡᠬᠦ ᠬᠠᠷᠠᠭᠳᠠᠨ᠎ᠠ᠃《ᠶᠠᠭᠠᠬᠢᠭᠰᠠᠨ ᠰᠠᠢᠨ ᠶᠤᠮ᠂ ᠡᠨᠡ ᠠᠳᠤᠭᠤ ᠶ᠋ᠢ ᠠᠶᠠᠷᠬᠠᠨ ᠲᠠᠭᠤᠵᠤ ᠬᠠᠷ᠎ᠠ ᠳᠠᠪᠠᠭ᠎ᠠ ᠪᠠᠷ ᠪᠠᠭᠤᠬᠤ ᠳ᠋ᠤ᠌ ᠳᠡᠭᠡᠷᠡᠮ ᠲᠣᠨᠣᠭ᠎ᠠ ᠲᠠᠭᠠᠷᠠᠪᠠᠯ ᠨᠢᠭᠡ ᠶᠠᠭᠤᠮ᠎ᠠ ᠪᠣᠯᠬᠤ ᠪᠠᠢᠬ᠎ᠠ》 ᠭᠡᠳ ᠲᠡᠷᠡ ᠠᠷᠪᠠᠭᠠᠳ ᠠᠳᠤᠭᠤ ᠶ᠋ᠢ ᠠᠷᠤ ᠠ᠋ᠴᠠ ᠨᠢ ᠬᠤᠷᠢᠶᠠᠵᠤ ᠴᠣᠴᠢᠭᠠᠯ ᠦᠭᠡᠢ ᠠᠶᠠᠷᠬᠠᠨ ᠭᠡᠯᠢᠪᠡᠯ ᠰᠠᠨᠠᠭ᠎ᠠ ᠪᠠᠷ ᠪᠣᠯᠵᠤ ᠰᠢᠯᠤᠭᠤᠬᠠᠨ ᠱᠣᠭᠰᠢᠭᠠᠳ ᠥᠭᠭᠦᠯ᠎ᠡ᠃ ᠲᠡᠷᠡ ᠪᠡᠷ ᠨᠠᠳᠬᠤᠳᠠᠭ ᠬᠡᠭᠡᠷ ᠡᠴᠡ ᠪᠡᠨ ᠪᠠᠭᠤᠵᠤ ᠳᠥᠷᠥᠭᠡ ᠪᠡᠨ ᠪᠦᠭᠦᠷᠭᠡᠨ ᠳ᠋ᠦ᠍ᠨᠢ ᠡᠪᠬᠡᠨ ᠴᠠᠩᠭ᠎ᠠ ᠤᠶᠠᠵᠤ᠂ ᠬᠢᠵᠠᠭᠠᠷ ᠢ᠋ ᠨᠢ ᠠᠪᠴᠤ ᠪᠦᠰᠡᠯᠡᠭᠡᠳ ᠬᠤᠸᠠ ᠮᠣᠷᠢᠨ ᠤ᠋ ᠪᠠᠨ ᠮᠤᠨᠳᠠᠭ᠎ᠠ ᠶ᠋ᠢ ᠲᠡᠪᠡᠷᠢᠨ ᠨᠠᠭᠠᠯᠳᠤᠵᠤ ᠠᠳᠤᠭᠤᠳ ᠲᠠᠢ ᠰᠦᠷᠦᠭᠯᠡᠨ ᠬᠠᠷ᠎ᠠ ᠳᠠᠪᠠᠭ᠎ᠠ ᠠ᠋ᠴᠠ ᠲᠠᠢᠪᠤᠭᠤᠬᠠᠨ ᠪᠠᠭᠤᠪᠠ᠃ ᠳᠡᠭᠡᠷᠡᠮ ᠲᠠᠭᠠᠷᠠᠪᠠᠯ ᠬᠠᠷᠠᠩᠭᠤᠢ ᠪᠦᠷᠦᠭ ᠲᠦ᠍ ᠡᠵᠡᠨ ᠦᠭᠡᠢ ᠠᠳᠤᠭᠤ ᠴᠤᠪᠤᠵᠤ ᠶᠠᠪᠤᠨ᠎ᠠ ᠭᠡᠵᠦ ᠰᠠᠨᠠᠬᠤ ᠠ᠋ᠴᠠ᠂ ᠬᠡᠨ ᠮᠣᠷᠢᠨ ᠤ᠋ ᠮᠤᠨᠳᠠᠭᠠᠨ ᠳ᠋ᠤ᠌ ᠨᠢᠭᠡ ᠡᠷ᠎ᠡ ᠨᠢᠭᠤᠭᠳᠠᠵᠤ ᠶᠠᠪᠤᠭ᠎ᠠ ᠭᠡᠵᠦ ᠬᠡᠨ ᠰᠠᠨᠠᠬᠤ ᠪᠣᠢ⁈ 


        ᠦᠰᠦᠭ ᠠᠮᠢᠯᠠᠭᠤᠯᠤᠭᠰᠠᠨ ᠨᠢ᠄ ᠲᠡᠭᠷᠢ ᠡᠵᠢ