ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ –ᠬᠣᠶᠠᠳᠤᠭᠠᠷ ᠪᠦᠯᠦᠭ <ᠳᠥᠷᠪᠡ> Хан мунын сүүрс < доорд > – Мөнх зохиоов ᠂ Гутгаар бодь – Хоёрдугаар бүлэг <4>
ᠭᠤᠲᠠᠭᠠᠷ ᠪᠣᠲᠢ – ᠬᠣᠶᠠᠳᠤᠭᠠᠷ ᠪᠦᠯᠦᠭ <ᠳᠥᠷᠪᠡ>
ᠨᠣᠬᠠᠢ ᠬᠣᠷᠭᠣᠭᠣᠨ᠎ᠠ᠃
ᠲᠡᠷᠭᠡᠯᠰᠢᠵᠦ ᠵᠠᠪᠳᠤᠭ᠎ᠠ ᠦᠭᠡᠢ ᠠᠷᠪᠠᠳ ᠤ᠋ᠨ ᠡᠮᠲᠡᠷᠬᠡᠢ ᠰᠠᠷ᠎ᠠ ᠠᠭᠤᠯᠠ ᠬᠥᠪᠴᠢ᠂ ᠬᠢᠷ᠎ᠠ ᠨᠢᠷᠤᠭᠤ᠂ ᠬᠠᠲᠠᠲᠠᠢ ᠡᠩᠭᠡᠷ᠂ ᠨᠠᠷᠠᠨ ᠡᠭᠡᠭᠡᠪᠦᠷ ᠭᠠᠵᠠᠷ ᠢ᠋ ᠰᠦᠯᠡᠨ ᠴᠠᠢᠯᠭᠠᠵᠤ᠂ ᠰᠡᠭᠦᠳᠡᠷ ᠲᠠᠯ᠎ᠠ ᠶ᠋ᠢ ᠤᠯᠠᠮ ᠴᠤ᠌ ᠪᠦᠷᠦᠭ ᠬᠠᠷᠠᠩᠭᠤᠢ ᠪᠣᠯᠭᠠᠭᠰᠠᠨ ᠰᠢᠭ᠋ ᠨᠡᠲᠦᠭᠡᠷ ᠰᠠᠨᠠᠭᠳᠠᠭᠤᠯᠤᠨ᠎ᠠ᠃
ᠠᠩᠴᠢᠨᠵᠠᠪ ᠦᠳᠡ ᠶ᠋ᠢᠨ ᠠᠯᠲᠠ ᠪᠠᠷ ᠬᠢᠷ᠎ᠠ ᠳ᠋ᠤ᠌ ᠭᠠᠷᠴᠤ ᠢᠷᠡᠭᠡᠳ ᠬᠣᠶᠠᠷ ᠮᠣᠷᠢ ᠪᠠᠨ ᠰᠤᠯᠠᠯᠠᠨ ᠡᠪᠡᠰᠦ ᠡᠮᠬᠦᠭᠦᠯᠵᠦ ᠨᠠᠷᠠᠰᠤᠨ ᠮᠣᠳᠣᠨ ᠤ᠋ ᠰᠡᠭᠦᠳᠡᠷ ᠲᠦ᠍ ᠬᠠᠵᠠᠭᠤᠯᠠᠰᠬᠢᠨ ᠶᠠᠰᠤ ᠠᠮᠠᠷᠠᠭᠠᠪᠠ᠃ ᠬᠡᠳᠦ ᠬᠣᠨᠣᠭ ᠮᠣᠷᠢᠨ ᠤ᠋ ᠨᠢᠷᠤᠭᠤᠨ ᠳ᠋ᠤ᠌ ᠴᠣᠬᠢᠭᠤᠯᠵᠤ᠂ ᠬᠠᠯᠬ᠎ᠠ ᠨᠤᠲᠤᠭ ᠠ᠋ᠴᠠ ᠭᠣᠪᠢ ᠨᠤᠲᠤᠭ ᠢ᠋ ᠲᠤᠭᠤᠯᠤᠨ ᠠᠷᠠᠢ ᠭᠡᠵᠦ ᠠᠭᠤᠯᠠᠨ ᠳ᠋ᠤ᠌ ᠳᠥᠭᠥᠪᠡ᠃ ᠠᠩᠴᠢᠨᠵᠠᠪ ᠬᠢᠷ᠎ᠠ ᠳᠡᠭᠡᠷ᠎ᠡ ᠭᠠᠷᠴᠤ᠂ ᠰᠠᠨᠠᠭ᠎ᠠ ᠨᠢᠭᠡ ᠠᠭᠤᠵᠢᠷᠠᠬᠤ ᠳ᠋ᠠᠭᠠᠨ ᠲᠠᠮᠠᠬᠢᠯᠠᠵᠤ ᠰᠠᠭᠤᠪᠠ᠃
ᠪᠠᠷᠠᠭᠠᠨ ᠵᠢᠰᠦᠮ ᠦ᠋ᠨ ᠮᠣᠷᠢᠲᠠᠢ ᠬᠥᠮᠦᠨ ᠱᠣᠩ ᠳᠡᠭᠡᠷ᠎ᠡ ᠪᠠᠭᠤᠵᠤ ᠨᠠᠷᠠ ᠤᠨᠠᠲᠠᠯ᠎ᠠ ᠶᠠᠪᠤᠳᠠᠭ ᠦᠭᠡᠢ ᠳ᠋ᠦ᠍ ᠲᠡᠷᠡ《ᠶᠠᠭᠤᠨ ᠤ᠋ ᠬᠥᠮᠦᠨ ᠪᠢᠯᠡ?》 ᠭᠡᠵᠦ ᠰᠡᠵᠢᠭᠯᠡᠨ ᠪᠡᠶ᠎ᠡ ᠰᠦᠷᠡᠬᠡᠢ ᠪᠠᠯᠠᠷᠠᠭᠰᠠᠨ ᠳ᠋ᠠᠭᠠᠨ ᠪᠦᠷᠦᠢ ᠪᠣᠯᠲᠠᠯ᠎ᠠ ᠤᠨᠲᠠᠪᠠ᠃ ᠰᠡᠭᠦᠳᠡᠷ ᠡᠷᠭᠢᠬᠦ ᠳ᠋ᠦ᠍ ᠥᠨᠥᠬᠢ ᠬᠥᠮᠦᠨ ᠪᠠᠰᠠ ᠶᠠᠪᠤᠭ᠎ᠠ ᠦᠭᠡᠢ ᠬᠠᠷᠢᠨ ᠮᠣᠷᠢ ᠪᠠᠨ ᠴᠢᠳᠥᠷᠯᠡᠵᠦ ᠲᠠᠯᠪᠢᠪᠠ᠃ 《ᠦᠭᠡᠢ᠂ ᠶᠠᠭᠤᠨ ᠤ᠋ ᠬᠥᠮᠦᠨ ᠪᠣᠯᠴᠢᠬᠠᠪᠠ? ᠪᠠᠰᠠ ᠯᠠ ᠮᠢᠨᠦ ᠤᠷᠰᠢᠭ ᠢ᠋ᠶ᠋ᠠᠷ᠁ ᠪᠦᠰᠡᠭᠦᠢ ᠬᠡᠦᠬᠡᠳ ᠲᠦ᠍ ᠯᠠᠨᠴᠢᠭ ᠲᠠᠷᠢᠵᠤ ᠶᠠᠪᠤᠭ᠎ᠠ ᠪᠢ᠁》 ᠭᠡᠵᠦ ᠪᠣᠳᠣᠨ《ᠭᠠᠭᠴᠠ ᠬᠣᠶᠠᠷ ᠬᠥᠮᠦᠨ ᠦ᠌ ᠲᠣᠭᠠᠯᠠᠩ ᠳ᠋ᠤ᠌ ᠴᠢᠨᠠᠭᠰᠢ ᠨᠢ ᠬᠠᠨᠳᠤᠭᠤᠯᠬᠤ ᠳ᠋ᠤ᠌ ᠶᠠᠭᠤ ᠰᠠᠨᠠᠬᠤ ᠪᠣᠢ? ᠵᠢᠭᠠᠬᠠᠨ ᠣᠷᠣᠢᠲᠠᠭᠤᠯᠵᠤ ᠪᠠᠢᠭᠠᠳ ᠣᠴᠢᠶ᠎ᠠ ᠪᠠᠢᠵᠠ!》 ᠭᠡᠳ ᠮᠣᠷᠢ ᠪᠠᠨ ᠪᠡᠷᠢᠯᠡᠵᠦ ᠭᠣᠣᠯ ᠤᠷᠤᠭᠤ ᠪᠠᠭᠤᠪᠠ᠃ ᠵᠦᠯᠭᠡᠨ ᠳᠡᠭᠡᠷ᠎ᠡ ᠠᠷᠭᠠᠯ ᠤᠭᠤᠭᠢᠵᠤ ᠰᠢᠮᠠᠭᠤᠯ ᠣᠳᠤᠨ᠎ᠠ᠃ ᠤᠭᠤᠭᠢᠭᠰᠠᠨ ᠭᠠᠯ ᠤ᠋ᠨ ᠬᠠᠵᠠᠭᠤ ᠳ᠋ᠤ᠌ ᠳᠡᠪᠦᠷ᠎ᠡ ᠲᠡᠢ ᠴᠠᠢ ᠣᠭᠣᠴᠢᠯᠠᠵᠤ ᠬᠣᠶᠠᠷ ᠬᠥᠮᠦᠨ ᠦ᠌ ᠬᠥᠩᠬᠥᠷ ᠬᠥᠩᠬᠥᠷ ᠶᠠᠷᠢᠯᠴᠠᠬᠤ ᠴᠢᠮᠡᠭᠡ ᠳᠤᠭᠤᠯᠳᠠᠨ᠎ᠠ᠃ ᠴᠠᠭᠠᠨ᠎ᠠ ᠨᠢ ᠬᠣᠶᠠᠷ ᠴᠢᠳᠥᠷ ᠲᠡᠢ ᠮᠣᠷᠢ ᠢᠵᠢᠯᠢᠳᠦᠨ ᠮᠤᠨᠳᠠᠭ᠎ᠠ ᠪᠠᠨ ᠬᠠᠵᠠᠯᠠᠨ ᠳᠣᠷᠭᠢᠵᠤ ᠪᠠᠢᠬᠤ ᠴᠢᠮᠡᠭᠡ ᠭᠠᠷᠤᠨ᠎ᠠ᠃
ᠠᠩᠴᠢᠨᠵᠠᠪ ᠪᠣᠳᠣᠯᠭᠠᠲᠠᠢᠬᠠᠨ ᠶᠠᠪᠤᠵᠤ ᠲᠡᠷᠡ ᠬᠣᠶᠠᠷ ᠤ᠋ᠨ ᠵᠢᠪᠠᠷ ᠳᠣᠣᠷ᠎ᠠ ᠣᠴᠢᠵᠤ ᠰᠠᠭᠤᠯ᠎ᠠ᠃
— ᠲᠡᠷᠡ ᠢᠷᠡᠬᠦ ᠪᠡᠨ ᠪᠣᠯᠢᠭᠰᠠᠨ!
— ᠶᠠᠭᠠᠬᠢᠭᠠᠳ⁈
— ᠲᠡᠷᠡ ᠬᠥᠮᠦᠨ ᠢ᠋ ᠮᠢᠨᠢ ᠠᠩᠴᠢᠨᠵᠠᠪ ᠭᠡᠳᠡᠭ᠃
— ᠠᠩᠴᠢᠨᠵᠠᠪ⁈
— ᠲᠠ ᠲᠠᠨᠢᠬᠤ ᠤᠤ?
— ᠠ⁈ ᠠᠩᠴᠢᠨᠵᠠᠪ ᠢ᠋ ᠮᠡᠳᠡᠨ᠎ᠡ᠁ ᠮᠡᠳᠡᠨ᠎ᠡ! ᠭᠡᠵᠦ ᠵᠠᠩᠴᠣᠪ ᠪᠯᠠᠮᠤ ᠶ᠋ᠢᠨ ᠥᠭᠡᠳᠡ ᠡᠴᠡ《ᠮᠡᠳᠡᠨ᠎ᠡ》 ᠭᠡᠵᠦ ᠬᠠᠷᠢᠭᠤᠯᠲᠠ ᠦᠭᠴᠢᠬᠡᠭᠡᠳ ᠬᠥᠮᠥᠰᠬᠡ ᠪᠡᠨ ᠵᠠᠩᠭᠢᠳᠤᠨ ᠪᠣᠳᠣᠯᠭᠠᠰᠢᠷᠠᠬᠤ ᠳ᠋ᠤ᠌ ᠨᠢᠳᠦᠨ ᠳ᠋ᠦ᠍ᠨᠢ ᠨᠢᠯᠪᠤᠰᠤ ᠬᠤᠷᠠᠨ᠎ᠠ᠁
ᠲᠡᠷᠡ ᠵᠢᠯ ᠦ᠋ᠨ ᠬᠠᠪᠤᠷ ᠶᠤᠮᠰᠠᠨ᠁
ᠭᠣᠪᠢ ᠨᠤᠲᠤᠭ ᠲᠤ ᠠᠭᠤᠯᠵᠠᠭᠰᠠᠨ ᠠᠵᠢᠷᠭᠠᠨ ᠬᠤᠷ ᠳᠡᠯ ᠭᠡᠮᠡᠷ ᠬᠤᠨᠢᠷᠢᠶᠠ ᠭᠡᠵᠢᠭᠡ ᠲᠡᠢ ᠵᠢᠭᠠᠬᠠᠨ ᠵᠠᠯᠠᠭᠤ ᠮᠣᠷᠢᠨ ᠳ᠋ᠤ᠌ ᠰᠦᠷᠡᠬᠡᠢ ᠬᠣᠷᠣᠬᠠᠢ ᠲᠠᠢ᠂ ᠮᠢᠨᠦ ᠤᠨᠤᠭᠰᠠᠨ ᠬᠠᠯᠲᠠᠷ ᠬᠡᠭᠡᠷ ᠲᠦ᠍ ᠬᠣᠷᠣᠬᠠᠢᠲᠤᠭᠠᠳ᠁
ᠳᠠᠬᠢ ᠶ᠋ᠢᠨ ᠠᠵᠢᠷᠭᠠᠲᠦ ᠡᠴᠡ ᠰᠡᠭᠦᠯᠳᠡᠵᠦ ᠤᠨᠠᠭᠠᠨ ᠴᠢᠬᠢᠳᠡᠵᠦ ᠠᠪᠳᠠᠭ ᠱᠠᠯᠠᠮᠠᠭᠠᠢ ᠰᠠᠢᠨ ᠡᠷ᠎ᠡ ᠶ᠋ᠢᠨ ᠰᠢᠨᠳᠠᠰᠤ ᠲᠠᠨᠢᠭᠳᠠᠵᠤ ᠪᠠᠢᠭᠰᠠᠨ᠁ ᠲᠡᠭᠡᠭᠡᠳ ᠭᠤᠷᠪᠠᠭᠤᠯᠠ ᠬᠠᠯᠬ᠎ᠠ ᠠ᠋ᠴᠠ ᠠᠳᠤᠭᠤ ᠰᠠᠯᠭᠠᠵᠤ ᠬᠥᠭᠡᠭᠡᠭᠡᠳ ᠬᠠᠲᠤᠨ ᠲᠣᠬᠣᠢ ᠳ᠋ᠤ᠌ ᠬᠠᠷ᠎ᠠ ᠴᠡᠷᠢᠭ ᠲᠦ᠍ ᠬᠠᠰᠢᠭᠳᠠᠵᠤ ᠠᠷᠭ᠎ᠠ ᠦᠭᠡᠢ ᠰᠠᠯᠤᠭᠰᠠᠨ ᠠ᠋ᠴᠠ ᠬᠣᠢᠰᠢ ᠳᠠᠬᠢᠵᠤ ᠠᠭᠤᠯᠵᠠᠭ᠎ᠠ ᠦᠭᠡᠢ᠃ ᠠᠩᠴᠢᠨᠵᠠᠪ ᠭᠡᠳ ᠪᠠᠢᠳᠠᠭ ᠨᠢ ᠮᠢᠨᠦ ᠲᠠᠨᠢᠵᠤ ᠠᠨᠳᠠᠯᠠᠭᠰᠠᠨ ᠠᠩᠴᠢᠨᠵᠠᠪ ᠪᠢᠰᠢ ᠯᠡ ᠪᠢᠵᠡ! ᠭᠡᠵᠦ ᠵᠠᠩᠴᠣᠪ ᠪᠯᠠᠮᠤ ᠲᠠᠢ ᠨᠢ ᠰᠠᠭᠤᠭᠰᠠᠨ ᠡᠨᠡ ᠬᠦ᠌《ᠠᠩᠴᠢᠨᠵᠠᠪ》 ᠬᠡᠮᠡᠭᠴᠢ ᠲᠡᠭᠦᠨ ᠦ᠌ ᠠᠮᠢᠳᠤᠷᠠᠯ ᠤ᠋ᠨ ᠭᠣᠯᠣᠮᠳᠠ ᠳ᠋ᠤ᠌ ᠬᠣᠯᠲᠣᠰᠣ ᠨᠡᠮᠡᠷᠢᠯᠡᠭᠰᠡᠨ ᠲᠠᠭᠠᠷᠢ ᠲᠠᠢ ᠬᠥᠮᠦᠨ ᠢ᠋ ᠥᠪᠡᠷ ᠦ᠋ᠨ ᠬᠢᠨᠢ ᠠᠨᠳᠠ ᠠᠩᠴᠢᠨᠵᠠᠪ ᠪᠢᠰᠢ ᠪᠣᠯᠤᠭᠠᠰᠠᠢ ᠭᠡᠵᠦ ᠪᠣᠳᠣᠯ ᠠ᠋ᠴᠠ ᠪᠠᠨ ᠪᠣᠯᠬᠤ ᠶ᠋ᠢᠨ ᠳᠣᠲᠣᠷ᠎ᠠ ᠴᠠᠭᠠᠰᠢ ᠦᠯᠳᠡᠨᠡ᠃
ᠠᠮᠢᠳᠤᠷᠠᠯ ᠤ᠋ᠨ ᠪᠡᠷᠬᠡ ᠶ᠋ᠢᠨ ᠣᠭᠣᠰᠣᠷ ᠲᠤ ᠬᠥᠮᠦᠨ ᠬᠠᠷ᠎ᠠ ᠲᠡᠷᠢᠭᠦᠲᠡᠨ ᠠᠮᠢᠳᠤᠷᠠᠬᠤ ᠶ᠋ᠢᠨ ᠬᠤᠪᠢ ᠲᠠᠪᠢᠯᠠᠩ ᠢ᠋ᠶ᠋ᠠᠨ ᠠᠷᠭᠠᠮᠵᠢᠳᠠᠭ ᠰᠢᠭ᠋ ᠢ᠋ᠶ᠋ᠡᠷ ᠡᠨᠡ ᠬᠦ᠌ ᠡᠨᠡᠷᠢᠯ ᠦᠭᠡᠢ ᠬᠣᠷᠸ᠎ᠠ ᠶ᠋ᠢᠨ ᠲᠣᠭᠣᠷᠢᠭ ᠲᠤ ᠡᠷᠭᠢᠭᠦᠳᠵᠦ ᠶᠠᠪᠤᠨ ᠶᠠᠪᠤᠭᠰᠠᠭᠠᠷ ᠰᠠᠨᠠᠭᠠᠨ ᠳ᠋ᠤ᠌ ᠦᠭᠡᠢ ᠤᠴᠠᠷᠠᠯ ᠢ᠋ᠶ᠋ᠠᠷ ᠤᠴᠠᠷᠠᠳᠠᠭ ᠨᠢ ᠪᠠᠰᠠ ᠰᠣᠨᠢᠨ ᠠ᠋! ᠡᠵᠡᠨ ᠴᠡᠷᠢᠭ ᠦ᠋ᠨ ᠠᠯᠪᠠ ᠠ᠋ᠴᠠ ᠤᠷᠭᠤᠵᠤ᠂ ᠭᠡᠷ ᠢ᠋ᠶ᠋ᠡᠨ ᠡᠷᠢᠨ ᠰᠢᠩᠭᠡᠯᠢᠭ ᠡᠴᠡ ᠰᠤᠯᠠᠯᠠᠭᠳᠠᠭᠰᠠᠨ ᠰᠢᠪᠠᠭᠤ ᠰᠢᠭ᠋ ᠨᠢᠰᠴᠦ ᠶᠠᠪᠤᠨ ᠡᠵᠡᠭᠦᠢ ᠭᠡᠷ ᠦ᠋ᠨ ᠢ᠋ᠶ᠋ᠡᠨ ᠨᠣᠣᠷᠬᠠᠢ ᠳ᠋ᠤᠷ ᠳᠣᠲᠣᠷ᠎ᠠ ᠬᠦᠦ ᠪᠡᠨ ᠭᠡᠵᠦ ᠡᠷᠢᠯ ᠢ᠋ᠶ᠋ᠡᠷ ᠲᠦᠳᠡᠭ ᠲᠦᠯᠡᠵᠦ ᠰᠠᠭᠤᠭ᠎ᠠ ᠬᠣᠪᠢᠯᠴᠡᠴᠡᠭ ᠡᠵᠢ ᠲᠡᠢ ᠠᠭᠤᠯᠵᠠᠭᠰᠠᠨ ᠰᠣᠨᠢᠨ ᠤᠴᠠᠷᠠᠯ ᠨᠢ ᠠᠲᠠᠭᠠᠲᠤ ᠲᠩᠷᠢ ᠡᠴᠡ ᠳᠣᠬᠢᠶᠠᠴᠤ ᠲᠠᠯᠪᠢᠭᠰᠠᠨ ᠶᠤᠮ ᠰᠢᠭ᠋ ᠭᠠᠢᠬᠠᠯᠲᠠᠢ! ᠦᠷ᠎ᠡ ᠪᠡᠨ ᠭᠡᠵᠦ ᠪᠡᠲᠡᠷᠡᠭᠰᠠᠨ ᠨᠠᠰᠤᠲᠠᠢ ᠡᠵᠢ ᠶ᠋ᠢᠨ ᠵᠠᠩᠴᠣᠪ ᠨᠠᠮᠠᠶ᠋ᠢ ᠬᠦᠦ ᠪᠡᠨ ᠭᠡᠵᠦ ᠳᠤᠷᠠᠲᠠᠶ᠎ᠠ ᠦᠷᠡᠴᠢᠯᠡᠵᠦ ᠶᠠᠪᠤᠬᠤ ᠰᠠᠨ ᠭᠡᠳᠡᠭ ᠬᠦᠰᠡᠯ ᠢ᠋ ᠨᠢ ᠬᠥᠰᠡᠷᠳᠡᠭᠦᠯᠦᠭᠡ ᠦᠭᠡᠢ ᠪᠢ᠂ ᠦᠷ᠎ᠡ ᠪᠣᠯᠤᠭᠰᠠᠨ ᠠᠩᠴᠢᠨᠵᠠᠪ ᠤ᠋ᠨ ᠬᠢᠨᠢ ᠣᠷᠣᠨ ᠳ᠋ᠤ᠌ ᠬᠦᠦ ᠶ᠋ᠢᠨ ᠠᠴᠢᠯᠠᠯ ᠢ᠋ ᠭᠦᠢᠴᠡᠭᠡᠵᠦ ᠶᠠᠪᠤᠯ᠎ᠠ᠁
ᠲᠡᠭᠦᠨ ᠦ᠌ ᠴᠠᠭᠠᠭᠤᠷ ᠪᠡᠲᠡᠷᠡᠭᠰᠡᠨ ᠪᠦᠰᠡᠭᠦᠢ ᠬᠡᠦᠬᠡᠳ ᠦ᠋ᠳ ᠢ᠋ ᠮᠢᠨᠢ ᠳᠠᠮᠨᠠᠵᠤ ᠡᠷᠦᠬᠡ ᠶ᠋ᠢ ᠮᠢᠨᠢ ᠲᠠᠲᠠᠭ᠎ᠠ ᠡᠨᠡ ᠵᠠᠯᠠᠭᠤ ᠠᠩᠴᠢᠨᠵᠠᠪ ᠮᠥᠨ ᠭᠡᠵᠦ ᠤᠤ? ᠭᠡᠵᠦ ᠰᠡᠵᠢᠭ ᠤᠢᠮᠤᠷᠠᠯᠲᠠᠢ ᠪᠣᠳᠣᠯ ᠳ᠋ᠤ᠌ ᠲᠥᠭᠡᠷᠢᠨ᠎ᠡ᠃ ᠪᠯᠠᠮᠤ᠂ ᠵᠠᠩᠴᠣᠪ ᠤ᠋ᠨ ᠠᠩᠴᠢᠨᠵᠠᠪ ᠢ᠋《ᠲᠠᠨᠢᠨ᠎ᠠ》 ᠭᠡᠬᠦ ᠦᠭᠡᠢ ᠬᠠᠷᠢᠨ《ᠮᠡᠳᠡᠨ᠎ᠡ》 ᠭᠡᠵᠦ ᠡᠭ ᠮᠡᠭ ᠬᠡᠯᠡᠴᠢᠬᠡᠭᠡᠳ ᠪᠣᠳᠣᠯᠭ᠎ᠠ ᠪᠣᠯᠤᠭᠰᠠᠨ ᠢ᠋ ᠬᠠᠷᠠᠭᠠᠳ᠄
— ᠠᠩᠴᠢᠨᠵᠠᠪ ᠬᠥᠭᠡᠷᠦᠬᠦᠢ ᠦᠷᠦ ᠵᠥᠭᠡᠯᠡᠨ᠂ ᠶᠠᠳᠠᠭᠤ ᠳᠣᠷᠣᠢ ᠬᠥᠮᠦᠨ ᠢ᠋ ᠦᠷᠦ ᠡᠪᠡᠳᠦᠨ ᠳᠡᠮᠵᠢᠳᠡᠭ ᠬᠥᠮᠦᠨ ᠮᠥᠨ᠃ ᠬᠠᠷ᠎ᠠ ᠥᠷᠯᠥᠭᠡᠭᠦᠷ ᠥᠯᠥᠩᠲᠦ ᠶ᠋ᠢᠨ ᠡᠬᠢ ᠳ᠋ᠦ᠍ ᠱᠠᠯᠳᠠᠩ ᠨᠢᠴᠦᠭᠦᠨ ᠨᠢᠭᠡ ᠬᠥᠮᠦᠨ ᠮᠣᠳᠣᠨ ᠳ᠋ᠤ᠌ ᠳᠡᠭᠦᠵᠢᠯᠡᠭᠳᠡᠵᠦ ᠴᠢᠨᠣ᠎ᠠ ᠶ᠋ᠢᠨ ᠬᠣᠭᠣᠯᠠ ᠪᠣᠯᠴᠢᠬᠠᠬᠤ ᠰᠢᠬᠠᠭᠰᠠᠨ ᠢ᠋ ᠠᠩᠴᠢᠨᠵᠠᠪ ᠠᠪᠤᠷᠠᠭᠰᠠᠨ᠃ ᠲᠡᠷᠡ ᠨᠢ ᠲᠡᠭᠡᠭᠡᠳ ᠴᠠᠭᠠᠨ᠎ᠠ ᠪᠠᠨ ᠶᠠᠮᠠᠷ ᠬᠠᠮᠢᠭᠠᠰᠢ ᠪᠠᠨ ᠪᠦᠲᠦᠯ ᠦᠭᠡᠢ ᠬᠥᠮᠦᠨ ᠪᠠᠢᠭᠰᠠᠨ ᠢ᠋ ᠬᠡᠨ ᠮᠡᠳᠡᠯ᠎ᠡ⁈ ᠶᠠᠭᠤ ᠴᠤ᠌ ᠭᠡᠰᠡᠨ ᠠᠩᠴᠢᠨᠵᠠᠪ ᠲᠡᠭᠦᠨ ᠳ᠋ᠦ᠍ ᠪᠤᠶᠠᠨ ᠦᠢᠯᠡᠳᠴᠦ᠂ ᠢᠳᠡᠭᠦᠯᠵᠦ ᠤᠤᠭᠤᠯᠭᠠᠭᠠᠳ ᠥᠪᠡᠷ ᠦ᠋ᠨ ᠢ᠋ᠶ᠋ᠡᠨ ᠬᠥᠬᠡ ᠲᠡᠷᠯᠢᠭ ᠢ᠋ᠶ᠋ᠡᠨ ᠥᠭᠴᠦ ᠡᠮᠦᠰᠦᠭᠦᠯᠪᠡ᠃ ᠰᠡᠭᠦᠯ ᠳ᠋ᠦ᠍ᠨᠢ ᠲᠡᠷᠡ ᠢᠮᠠᠭᠠᠨ ᠳᠠᠭᠤ ᠲᠠᠢ ᠬᠥᠮᠦᠨ ᠬᠠᠷ᠎ᠠ ᠴᠡᠷᠢᠭ ᠲᠦ᠍ ᠭᠠᠵᠠᠷᠴᠢᠯᠠᠵᠤ ᠢᠷᠡᠭᠡᠳ ᠠᠮᠢ ᠶ᠋ᠢ ᠨᠢ ᠠᠪᠤᠷᠠᠭᠰᠠᠨ ᠠᠴᠢᠲᠤ ᠬᠥᠮᠦᠨ ᠢ᠋ᠶ᠋ᠡᠨ ᠫᠤᠤ ᠲᠤᠯᠭᠠᠵᠤ ᠬᠦᠯᠢᠴᠢᠬᠡᠬᠦ ᠠᠯᠳᠠᠭᠰᠠᠨ ᠠ᠋! ᠪᠤᠳᠤᠯᠢᠭᠤ ᠰᠢᠭ᠋ ᠡᠷ᠎ᠡ ᠪᠠᠢᠭᠰᠠᠨ ᠪᠣᠯ ᠲᠡᠷᠡ ᠤᠳᠠᠭ᠎ᠠ ᠬᠠᠷ᠎ᠠ ᠴᠡᠷᠢᠭ ᠦ᠋ᠨ ᠱᠣᠷᠣᠩ ᠤ᠋ᠨ ᠬᠠᠳᠠᠭᠠᠰᠤ ᠪᠣᠯᠬᠤ ᠪᠠᠢᠭᠰᠠᠨ᠃
— ᠢᠮᠠᠭᠠᠨ ᠳᠠᠭᠤ ᠲᠠᠢ ᠬᠥᠮᠦᠨ ᠭᠡᠨ᠎ᠡ?
— ᠲᠡᠢᠮᠦ! ᠬᠢᠵᠠᠭᠠᠯᠠᠩ ᠢᠮᠠᠭ᠎ᠠ ᠰᠢᠭ᠋ ᠭᠣᠳ ᠰᠢᠩᠭᠡᠨ ᠳᠠᠭᠤ ᠲᠠᠢ ᠬᠥᠮᠦᠨ ᠪᠠᠢᠭᠰᠠᠨ᠁
— ᠲᠡᠷᠡ ᠢᠮᠠᠭᠠᠨ ᠳᠠᠭᠤ ᠲᠠᠢ ᠬᠥᠮᠦᠨ ᠢ᠋ ᠦᠯᠵᠡᠢᠰᠠᠩ ᠭᠡᠳᠡᠭ᠃ ᠲᠡᠷᠡ ᠨᠠᠰᠤᠲᠠᠢ ᠡᠵᠢ ᠶ᠋ᠢ ᠮᠢᠨᠢ ᠠᠶᠤᠯᠭᠠᠨ ᠳᠡᠩᠰᠡᠯᠭᠡᠵᠦ ᠭᠡᠷ ᠲᠡᠷᠭᠡ ᠶ᠋ᠢ ᠨᠡᠩᠵᠢᠵᠦ᠂ ᠨᠢᠳᠦᠨ ᠳ᠋ᠦ᠍ ᠲᠣᠷᠤᠮᠠ ᠡᠨᠡ ᠲᠡᠷᠡ ᠶᠠᠭᠤᠮ᠎ᠠ ᠶ᠋ᠢ ᠴᠥᠯᠪᠡᠵᠦ ᠪᠤᠰᠠᠨᠢᠭᠤᠯᠬᠤ ᠳ᠋ᠤ᠌ ᠨᠠᠰᠤᠲᠠᠢ ᠡᠵᠢ ᠥᠨᠥᠬᠢ ᠶ᠋ᠢᠨ ᠴᠢᠨᠢ ᠬᠥᠯ ᠡᠴᠡ ᠵᠢᠭᠤᠷᠠᠵᠤ ᠤᠬᠢᠯᠠᠨ ᠭᠤᠶᠤᠪᠠᠯ ᠬᠥᠭᠰᠢᠨ ᠢ᠋ ᠴᠤ᠌ ᠦᠷᠦ ᠡᠪᠡᠳᠦᠭᠡ ᠦᠭᠡᠢ᠂ ᠡᠭᠦᠷᠦᠭᠰᠡᠨ ᠲᠦᠷᠭᠡᠨ ᠫᠤᠤ ᠶ᠋ᠢᠨ ᠢ᠋ᠶ᠋ᠡᠨ ᠪᠥᠭᠰᠡ ᠪᠡᠷ ᠲᠣᠣᠬᠠᠨ ᠨᠢᠷᠤᠭᠤ ᠤᠷᠤᠭᠤ ᠨᠢ ᠨᠦᠳᠦᠵᠦ ᠶᠠᠰᠤ ᠶ᠋ᠢ ᠨᠢ ᠭᠡᠮᠲᠦᠭᠡᠵᠦ ᠪᠢᠯᠡ!
— ᠡᠢ! ᠶᠠᠭᠠᠬᠢᠭᠰᠠᠨ ᠪᠦᠲᠦᠯ ᠦᠭᠡᠢ ᠭᠠᠪᠠᠯᠠ ᠪᠣᠢ!! ᠲᠡᠭᠡᠭᠡᠳ ᠨᠠᠰᠤᠲᠠᠢ ᠬᠥᠮᠦᠨ ᠦ᠌᠁
— ᠮᠥᠨ ᠲᠡᠭᠡᠭᠡᠳ ᠶᠠᠰᠤ ᠨᠢ ᠪᠠᠷᠳᠠᠵᠤ ᠬᠡᠪᠲᠡᠯᠭᠡ ᠳ᠋ᠦ᠍ ᠣᠷᠣᠭᠠᠳ ᠬᠡᠴᠡᠭᠦᠦ ᠰᠢᠨᠠᠯᠤᠭᠰᠠᠨ ᠰᠢᠦ᠃
— ᠦᠭᠡᠢ᠂ ᠨᠠᠰᠤᠲᠠᠢ ᠡᠵᠢ ᠭᠡᠬᠦ ᠡᠴᠡ ᠬᠡᠨ ᠪᠢᠯᠡ?
— ᠪᠢ ᠴᠡᠷᠢᠭ ᠡᠴᠡ ᠤᠷᠭᠤᠵᠤ ᠶᠠᠪᠤᠨ ᠲᠠ ᠨᠠᠷ ᠢ᠋ ᠪᠡᠨ ᠭᠡᠳ ᠯᠡ ᠬᠥᠯ ᠦᠭᠡᠢ ᠬᠥᠭᠰᠡᠵᠦ ᠶᠠᠪᠤᠭᠰᠠᠨ ᠢ᠋ ᠶᠠᠷᠢᠭᠠᠳ ᠶᠠᠭᠤ ᠬᠢᠬᠦ ᠪᠣᠢ⁈ ᠭᠡᠷ ᠦ᠋ᠨ ᠪᠠᠭᠤᠷᠠᠢ ᠳᠡᠭᠡᠷ᠎ᠡ ᠪᠡᠨ ᠡᠷᠢᠭᠡᠳ ᠣᠴᠢᠪᠠᠯ ᠴᠤᠴᠠᠷᠬᠠᠢ ᠴᠢᠯᠠᠭᠤᠨ ᠳᠣᠷᠣ ᠳᠣᠲᠣᠷ᠎ᠠ ᠰᠠᠯᠬᠢ ᠨᠥᠮᠥᠷᠢᠳᠡᠵᠦ ᠨᠢᠭᠡ⁈ ᠵᠤᠲᠠᠷᠠᠭᠤᠬᠠᠨ ᠨᠠᠰᠤᠲᠠᠢ ᠡᠵᠢ ᠣᠴᠣᠭ ᠲᠤᠯᠵᠤ ᠴᠠᠢ ᠪᠤᠴᠠᠯᠭᠠᠵᠤ ᠰᠠᠭᠤᠨ᠎ᠠ᠃ ᠲᠡᠷᠡ ᠨᠠᠰᠤᠲᠠᠢ ᠡᠵᠢ ᠬᠦᠦ ᠶ᠋ᠢᠨ ᠢ᠋ᠶ᠋ᠡᠨ ᠬᠣᠢᠨ᠎ᠠ ᠠ᠋ᠴᠠ ᠡᠷᠢᠯ ᠰᠤᠷᠠᠭ ᠲᠠᠯᠪᠢᠵᠤ ᠶᠠᠪᠤᠭ᠎ᠠ ᠶᠤᠮ ᠪᠠᠢᠨ᠎ᠠ᠃ ᠪᠢ ᠴᠦ᠍ ᠭᠡᠷ ᠲᠡᠷᠭᠡ ᠡᠬᠡᠨᠡᠷ ᠬᠡᠦᠬᠡᠳ ᠢ᠋ᠶ᠋ᠡᠨ ᠬᠠᠢᠵᠤ ᠶᠠᠪᠤᠭ᠎ᠠ ᠶᠤᠮ ᠪᠣᠯᠬᠣᠷ ᠬᠣᠶᠠᠷ ᠡᠷᠢᠯ ᠦ᠋ᠨ ᠡᠵᠡᠨ ᠢᠩᠭᠢᠵᠦ ᠲᠠᠨᠢᠯᠴᠠᠭᠰᠠᠨ᠃ ᠴᠠᠢ ᠴᠤᠤ ᠤᠤᠭᠤᠵᠤ ᠬᠡᠯᠡ ᠠᠮᠠ ᠲᠠᠭᠠᠷᠠᠨ ᠰᠥᠨᠢᠵᠢᠨ ᠬᠦᠦᠷᠨᠢᠪᠡ᠁
— ᠠᠢ᠂ ᠬᠥᠭᠡᠷᠦᠬᠦᠢ ᠳᠡ! ᠨᠠᠰᠤᠲᠠᠢ ᠡᠵᠢ ᠬᠦᠦ ᠪᠡᠨ ᠬᠠᠢᠵᠤ ᠣᠯᠳᠠᠭ ᠦᠭᠡᠢ ᠪᠠᠢᠵᠤ ᠳᠠ!
— ᠬᠠᠷᠢᠨ ᠲᠡᠢᠮᠦ ᠪᠠᠢᠵᠠᠢ᠃ ᠲᠡᠭᠡᠭᠡᠳ ᠨᠠᠰᠤᠲᠠᠢ ᠡᠵᠢ ᠨᠠᠮᠠᠶ᠋ᠢ ᠬᠦᠦ ᠪᠡᠨ ᠭᠡᠵᠦ ᠮᠠᠩᠨᠠᠢ ᠳᠡᠭᠡᠷ᠎ᠡ ᠥᠬᠥᠭᠡᠷᠳᠡᠨ ᠦᠨᠦᠰᠴᠦ《ᠬᠥᠭᠡᠷᠦᠬᠦᠢ ᠳᠡ᠂ ᠮᠢᠨᠦ ᠬᠦᠦ!》 ᠭᠡᠳ ᠱᠣᠭᠰᠢᠷᠠᠨ ᠤᠬᠢᠯᠠᠯ᠎ᠠ᠃
ᠵᠠᠩᠴᠣᠪ ᠤ᠋ᠨ ᠬᠡᠯᠡᠭᠰᠡᠨ ᠢ᠋ ᠰᠣᠨᠣᠰᠴᠤ ᠰᠠᠭᠤᠭᠰᠠᠨ ᠪᠯᠠᠮᠤ ᠶ᠋ᠢᠨ ᠰᠡᠳᠬᠢᠯ ᠤᠶᠠᠷᠠᠵᠤ᠄
— ᠬᠥᠭᠡᠷᠦᠬᠦᠢ ᠶᠦᠮ ᠠ᠋! ᠡᠨᠡᠷᠢᠯ ᠦᠭᠡᠢ ᠡᠨᠡ ᠬᠣᠷᠸ᠎ᠠ ᠳ᠋ᠤ᠌ ᠡᠮ᠎ᠡ ᠬᠥᠮᠦᠨ ᠰᠢᠭ ᠵᠣᠪᠠᠯᠠᠩ ᠲᠠᠢ ᠦᠢᠯᠡ ᠦᠷ᠎ᠡ ᠲᠡᠢ ᠠᠮᠢᠲᠠᠨ ᠬᠠᠮᠢᠭ᠎ᠠ ᠪᠠᠢᠬᠤ ᠪᠣᠢ⁈ ᠡᠷ᠎ᠡ ᠪᠡᠨ ᠭᠡᠵᠦ ᠡᠪᠦᠷ ᠲᠦ᠋ᠨᠢ ᠡᠩᠬᠦᠷᠠᠢᠯᠡᠭᠳᠡᠵᠦ᠂ ᠦᠷ᠎ᠡ ᠪᠡᠨ ᠭᠡᠵᠦ ᠡᠨᠡᠷᠢᠨ ᠰᠠᠨᠠᠵᠤ ᠡᠯᠢᠭᠡ ᠪᠦᠲᠦᠨ ᠶᠠᠪᠤᠳᠠᠭ ᠨᠢ ᠶᠠᠮᠠᠷ ᠳᠡᠭᠡᠳᠦ ᠶ᠋ᠢᠨ ᠵᠢᠷᠭᠠᠯ ᠭᠡᠵᠦ ᠪᠣᠳᠣᠨ᠎ᠠ⁈ ᠭᠡᠳ ᠨᠢᠯᠪᠤᠰᠤ ᠪᠠᠨ ᠵᠦᠯᠭᠦᠪᠡ᠃
— ᠵᠠ ᠶᠠᠭᠠᠬᠢᠬᠤ ᠪᠣᠢ⁈ ᠪᠢ ᠲᠡᠷᠡ ᠨᠠᠰᠤᠲᠠᠢ ᠡᠵᠢ ᠶ᠋ᠢᠨ ᠡᠮᠲᠡᠷᠡᠭᠰᠡᠨ ᠡᠯᠢᠭᠡ ᠶ᠋ᠢᠨ ᠬᠢᠨᠢ ᠨᠥᠬᠥᠭᠡᠰᠦ ᠪᠣᠯᠵᠤ ᠬᠦᠦ ᠶ᠋ᠢᠨ ᠬᠢᠨᠢ ᠣᠷᠣᠨ ᠳ᠋ᠤ᠌ ᠬᠦᠦ ᠶ᠋ᠢᠨ ᠠᠴᠢᠯᠠᠯ ᠢ᠋ ᠣᠪᠣᠭ᠎ᠠ ᠬᠡᠳᠦᠨ ᠵᠢᠯ ᠡᠷᠭᠦᠵᠦ ᠶᠠᠪᠤᠯ᠎ᠠ᠃
— ᠵᠥᠪ ᠳᠡ! ᠠᠩᠴᠢᠨᠵᠠᠪ ᠲᠠ ᠬᠣᠶᠠᠷ ᠥᠨᠥᠴᠢᠨ ᠥᠷᠥᠭᠡᠰᠦᠨ ᠢ᠋ ᠦᠷᠦ ᠡᠪᠡᠳᠴᠦ ᠶᠠᠪᠤᠳᠠᠭ ᠶᠠᠮᠠᠷ ᠰᠠᠢᠬᠠᠨ ᠤᠯᠤᠰ ᠪᠣᠢ! ᠠᠩᠴᠢᠨᠵᠠᠪ ᠴᠤ᠌ ᠬᠠᠮᠢᠭ᠎ᠠ ᠭᠣᠪᠢ ᠨᠤᠲᠤᠭ ᠲᠤ ᠭᠠᠭᠴᠠ ᠡᠵᠢ ᠲᠡᠢ ᠭᠡᠰᠡᠨ᠃ ᠲᠡᠷᠡ ᠤᠳᠠᠭ᠎ᠠ ᠢᠮᠠᠭᠠᠨ ᠳᠠᠭᠤᠲᠤ ᠠ᠋ᠴᠠ ᠦᠷᠭᠦᠵᠦ ᠶᠠᠪᠤᠭᠠᠳ ᠡᠵᠢ ᠳᠡᠭᠡᠷ᠎ᠡ ᠪᠡᠨ ᠣᠴᠢᠭᠰᠠᠨ ᠴᠤ᠌ ᠮᠠᠭᠠᠳ ᠦᠭᠡᠢ᠃
— ᠪᠯᠠᠮᠤ ᠠ᠋! ᠴᠢ ᠣᠳᠣ ᠲᠡᠷᠡ ᠬᠥᠮᠦᠨ ᠲᠡᠢ ᠪᠡᠨ ᠨᠠᠰᠤ ᠪᠠᠨ ᠬᠣᠯᠪᠣᠵᠤ ᠰᠠᠭᠤ! ᠠᠩᠴᠢᠨᠵᠠᠪ ᠰᠠᠢᠨ ᠬᠥᠮᠦᠨ ᠦ᠌ ᠦᠷ᠎ᠡ! ᠶᠠᠭᠠᠬᠢᠬᠤ ᠪᠣᠢ᠂ ᠲᠠ ᠬᠣᠶᠠᠷ ᠡᠨᠡ ᠵᠡᠷᠭᠡ ᠶ᠋ᠢᠨ ᠠᠮᠢᠳᠤᠷᠠᠯ ᠳ᠋ᠤ᠌ ᠬᠢᠷᠢ ᠳ᠋ᠡᠭᠡᠨ ᠢᠳᠡᠭᠡᠰᠢᠭᠰᠡᠨ ᠬᠣᠢᠨ᠎ᠠ ᠳᠠ! ᠭᠡᠯᠡ᠃
— ᠪᠢ ᠬᠡᠨ ᠬᠡᠨ ᠡᠴᠡ ᠨᠢ ᠴᠦ᠍ ᠰᠠᠯᠵᠤ ᠲᠦᠪᠳᠡᠬᠦ ᠦᠭᠡᠢ ᠪᠠᠢᠨ᠎ᠠ᠁
— ᠶᠠᠭᠤ ᠭᠡᠰᠡᠨ ᠦᠭᠡ ᠪᠣᠢ? ᠨᠠᠮᠠᠶ᠋ᠢ ᠦᠬᠦᠴᠢᠬᠡᠯ᠎ᠡ ᠭᠡᠵᠦ ᠪᠣᠳᠣᠭᠰᠠᠨ ᠢ᠋ᠶ᠋ᠠᠷ ᠢ᠋ᠶ᠋ᠠᠨ ᠪᠣᠳᠣ! ᠪᠢ ᠭᠠᠭᠴᠠᠭᠠᠷ ᠢ᠋ᠶ᠋ᠠᠨ ᠵᠡᠷᠯᠢᠭ ᠬᠥᠮᠦᠨ ᠦ᠌ ᠵᠠᠩ ᠢ᠋ᠶ᠋ᠠᠷ ᠠᠮᠢᠳᠤᠷᠠᠵᠤ ᠳᠠᠳᠤᠭᠰᠠᠨ ᠬᠥᠮᠦᠨ ᠦ᠌ ᠨᠢᠭᠡ! ᠴᠠᠭᠠᠳᠤᠬᠢ ᠶ᠋ᠢᠨ ᠢ᠋ᠶ᠋ᠡᠨ ᠡᠯᠢᠭᠡ ᠶ᠋ᠢ ᠡᠮᠲᠡᠷᠡᠭᠦᠯᠬᠦ ᠡᠨᠡᠷᠢᠯ ᠦᠭᠡᠢ ᠬᠡᠷᠡᠭ ᠪᠦᠦ ᠬᠢ! ᠴᠢᠮᠠᠶ᠋ᠢ ᠭᠠᠴᠢᠯᠠᠩ ᠵᠣᠪᠠᠯᠠᠩ ᠲᠠᠢ ᠦᠶ᠎ᠡ ᠳ᠋ᠦ᠍ ᠰᠤᠭᠤᠨ ᠠ᠋ᠴᠠ ᠴᠢᠨᠢ ᠲᠡᠳᠬᠦᠵᠦ ᠡᠷᠭᠦᠭᠰᠡᠨ ᠰᠠᠢᠨ ᠬᠥᠮᠦᠨ ᠦ᠌ ᠦᠷ᠎ᠡ ᠶ᠋ᠢ ᠬᠠᠷᠠᠳᠠᠵᠤ ᠶᠠᠭᠠᠬᠢᠵᠤ ᠪᠣᠯᠬᠤ ᠪᠣᠢ? ᠲᠡᠭᠡᠭᠰᠡᠭᠡᠷ ᠡᠨᠡ ᠬᠦᠦ ᠥᠨᠥᠴᠢᠷᠡᠨ᠎ᠡ ᠰᠢᠦ! ᠮᠡᠳᠡᠪᠡ ᠤᠤ?
— ᠴᠢ ᠶᠠᠭᠤ ᠬᠢᠵᠦ ᠡᠳᠦᠢᠴᠢᠨᠡᠭᠡᠨ ᠵᠢᠯ ᠢ᠋ᠶ᠋ᠡᠷ ᠭᠡᠷ ᠦ᠋ᠨ ᠪᠠᠷ᠎ᠠ᠁ ᠭᠡᠳ ᠪᠯᠠᠮᠤ ᠱᠠᠭᠰᠢᠷᠠᠲᠠᠯᠠ ᠤᠬᠢᠯᠠᠵᠤ ᠵᠠᠩᠴᠣᠪ ᠤ᠋ᠨ ᠡᠪᠦᠷ ᠲᠦ᠍ ᠤᠨᠠᠪᠠ᠃
— ᠪᠢᠲᠡᠭᠡᠢ ᠤᠯᠠᠭᠠᠴᠢ! ᠪᠯᠠᠮᠤ ᠠ᠋᠂ ᠪᠣᠰ! ᠬᠦᠦ ᠬᠠᠷᠠᠴᠢᠬᠠᠬᠤ ᠪᠣᠢ! ᠠᠯᠢ ᠡᠰᠡᠪᠡᠰᠦ ᠥᠨᠥ ᠰᠥᠨᠢ ᠴᠤ᠌ ᠠᠩᠴᠢᠨᠵᠠᠪ ᠬᠦᠷᠦᠭᠡᠳ ᠢᠷᠡᠪᠡᠯ᠁ ᠭᠡᠬᠦ ᠳ᠋ᠦ᠍ ᠪᠯᠠᠮᠤ ᠶ᠋ᠢᠨ ᠰᠡᠳᠬᠢᠯ ᠭᠡᠨᠡᠳᠲᠡ ᠡᠭᠡᠳᠡᠷᠡᠨ ᠬᠠᠲᠠᠭᠤᠵᠢᠵᠤ᠄
— ᠶᠠᠪᠤ᠂ ᠴᠠᠭᠠᠰᠢ ᠪᠠᠨ ᠲᠣᠨᠢᠯ! ᠪᠦᠰᠡᠭᠦᠢ ᠬᠡᠦᠬᠡᠳ ᠭᠡᠷ ᠲᠡᠷᠭᠡ ᠡᠴᠡ ᠪᠡᠨ ᠤᠢᠳᠴᠤ ᠬᠠᠩᠬᠠᠢᠷᠠᠭᠰᠠᠨ ᠪᠣᠯ ᠶᠠᠪᠤᠭᠠᠷᠠᠢ! ᠱᠠᠯᠠᠪ ᠶᠠᠪᠤᠭᠠᠴᠢ ᠴᠠᠭᠠᠰᠢ ᠪᠠᠨ! ᠭᠡᠵᠦ ᠵᠠᠩᠴᠣᠪ ᠢ᠋ ᠲᠦᠯᠬᠢᠵᠦ ᠵᠠᠢᠯᠠᠭᠤᠯᠤᠭᠠᠳ ᠭᠡᠷ ᠤᠷᠤᠭᠤ ᠪᠠᠨ ᠭᠦᠶᠦᠪᠡ᠃ ᠵᠠᠩᠴᠣᠪ ᠪᠣᠳᠣᠯᠭ᠎ᠠ ᠪᠣᠯᠵᠤ ᠲᠠᠮᠠᠬᠢ ᠲᠠᠲᠠᠵᠤ ᠰᠠᠭᠤᠬᠤ ᠨᠢ ᠪᠦᠳᠡᠭᠢ ᠰᠠᠷᠠᠨ ᠭᠡᠷᠡᠯ ᠳ᠋ᠦ᠍ ᠡᠭᠡᠭᠡ ᠯᠡ ᠴᠢᠯᠠᠭᠤᠨ ᠬᠥᠮᠦᠨ ᠮᠡᠲᠦ ᠲᠦᠩᠰᠦᠢᠵᠦ ᠬᠠᠷᠠᠭᠳᠠᠨ᠎ᠠ᠃ ᠲᠡᠷᠡ ᠲᠦᠩᠰᠦᠢᠭᠰᠡᠨ ᠬᠠᠲᠠᠲᠠᠢ ᠡᠩᠭᠡᠷ ᠦ᠋ᠨ ᠠᠷᠤ ᠰᠤᠵᠠᠭ ᠤ᠋ᠨ ᠬᠠᠷᠠᠩᠭᠤᠢ ᠰᠢᠭᠤᠢ ᠳᠣᠲᠣᠷ᠎ᠠ ᠠ᠋ᠴᠠ《ᠰᠣᠭᠲᠣᠭᠤ᠁ ᠰᠣᠭᠲᠣᠭᠤ᠁》 ᠭᠡᠬᠦ ᠰᠣᠭᠲᠣᠭᠤ ᠰᠢᠪᠠᠭᠤᠨ ᠤ᠋ ᠡᠪᠬᠡᠷᠡᠯᠲᠡᠢ ᠳᠣᠩᠭᠣᠳᠬᠤ ᠳᠠᠭᠤᠨ ᠪᠯᠠᠮᠤ ᠶ᠋ᠢᠨ ᠮᠡᠭᠰᠢᠬᠦ ᠳᠠᠭᠤᠨ ᠲᠠᠢ ᠰᠣᠯᠣᠭᠠᠢ ᠡᠭᠡᠰᠢᠭ ᠨᠡᠢᠯᠡᠵᠦ ᠰᠥᠨᠢ ᠶ᠋ᠢᠨ ᠢᠯᠢᠮ ᠵᠢᠯᠢᠮ ᠳ᠋ᠦ᠍ ᠲᠣᠳᠣᠬᠠᠨ ᠰᠣᠨᠣᠰᠳᠠᠨ᠎ᠠ᠁
ᠰᠥᠨᠢ ᠶ᠋ᠢᠨ ᠰᠢᠭᠦᠳᠡᠷᠢ ᠶ᠋ᠢᠨ ᠡᠪᠡᠰᠦ ᠴᠢᠮᠬᠢᠯᠡᠭᠰᠡᠨ ᠴᠢᠳᠥᠷ ᠲᠡᠢ ᠮᠣᠷᠢᠳ ᠬᠠᠶᠠ ᠳᠣᠷᠭᠢᠨ᠎ᠠ᠃ ᠠᠩᠴᠢᠨᠵᠠᠪ ᠡᠳᠡ ᠬᠣᠶᠠᠷ ᠤ᠋ᠨ ᠢᠩᠭᠢᠵᠦ ᠬᠡᠯᠡᠯᠴᠡᠭᠰᠡᠨ ᠢ᠋ ᠤᠬᠠᠪᠤᠷᠢᠯᠠᠨ ᠰᠣᠨᠣᠰᠤᠭᠠᠳ ᠭᠡᠷ ᠦ᠋ᠨ ᠢ᠋ᠶ᠋ᠡᠨ ᠬᠠᠶᠠᠭᠠᠨ ᠳ᠋ᠤ᠌ ᠢᠷᠡᠭᠰᠡᠨ ᠴᠤ᠌ ᠭᠡᠷ ᠲᠡᠭᠡᠨ ᠣᠷᠣᠵᠤ ᠴᠢᠳᠠᠭ᠎ᠠ ᠦᠭᠡᠢ ᠪᠤᠴᠠᠭᠠᠳ ᠮᠠᠨᠠᠷᠠᠭᠠᠪᠠ᠃ ᠰᠠᠷ᠎ᠠ ᠲᠠᠢ ᠰᠥᠨᠢ ᠢᠯᠢᠮ ᠵᠢᠯᠢᠮ᠃ ᠬᠥᠲᠥᠯᠦᠭᠡ ᠬᠣᠶᠠᠷ ᠮᠣᠷᠢ ᠲᠠᠢ ᠠᠩᠴᠢᠨᠵᠠᠪ ᠠᠭᠤᠯᠠᠨ ᠤ᠋ ᠬᠢᠷ᠎ᠠ ᠪᠠᠷ ᠬᠠᠲᠠᠷᠢᠭᠤᠯᠵᠤ ᠶᠠᠪᠤᠬᠤ ᠳ᠋ᠤ᠌ ᠰᠠᠷᠠᠨ ᠬᠡᠦᠬᠡᠨ ᠲᠡᠭᠦᠨ ᠢ᠋ ᠱᠣᠣᠯᠠᠨ ᠢᠰᠪᠡᠯᠵᠡᠬᠦ ᠰᠢᠭ ᠨᠡᠭᠦᠵᠦ ᠢᠷᠡᠬᠦ ᠲᠣᠬᠣᠮ ᠤ᠋ᠨ ᠴᠢᠨᠡᠭᠡ ᠡᠭᠦᠯᠡ ᠶ᠋ᠢ ᠴᠡᠩᠬᠡᠷ ᠴᠠᠭᠠᠨ ᠠᠯᠴᠢᠭᠤᠷ ᠪᠣᠯᠭᠠᠨ ᠡᠪᠬᠡᠵᠦ ᠢᠴᠢᠩᠭᠦᠷᠡᠭᠰᠡᠨ ᠶᠠᠭᠠᠨ ᠴᠢᠷᠠᠢ ᠪᠠᠨ ᠱᠠᠯᠠᠪᠬᠠᠨ ᠬᠠᠯᠬᠠᠯᠠᠪᠠ᠁
ᠥᠷᠯᠥᠭᠡ ᠡᠷᠲᠡ᠃ ᠵᠠᠩᠴᠣᠪ ᠠᠭᠤᠯᠠ ᠶ᠋ᠢᠨ ᠬᠢᠷ᠎ᠠ ᠳ᠋ᠤ᠌ ᠭᠠᠷᠴᠤ ᠣᠴᠢᠪᠠᠯ ᠠᠭᠤᠯᠠᠨ ᠲᠣᠯᠣᠭᠠᠢ ᠳ᠋ᠤ᠌ ᠨᠠᠷᠠ ᠲᠣᠰᠴᠤ ᠪᠠᠢᠯ᠎ᠠ᠃ ᠥᠨᠳᠥᠷ ᠥᠨᠳᠥᠷ ᠠᠭᠤᠯᠠᠰ ᠤ᠋ᠨ ᠬᠠᠳᠠᠨ ᠪᠠᠷᠲᠠᠭᠠᠲᠤ ᠠᠷᠤ ᠡᠩᠭᠡᠷ ᠲᠠᠢᠰᠢ ᠪᠠᠨ ᠨᠠᠮᠬᠠᠨ ᠰᠤᠨᠤᠯᠵᠠᠭᠰᠠᠨ ᠬᠢᠷ᠎ᠠ ᠬᠥᠲᠥᠯ ᠦ᠋ᠳ ᠴᠡᠩᠬᠡᠷ ᠤᠨᠢᠶᠠᠷ ᠳᠤᠮᠳᠠ ᠬᠥᠪᠡᠭᠡ ᠬᠢᠵᠠᠭᠠᠷ ᠦᠭᠡᠢ ᠦᠷᠭᠦᠯᠵᠢᠯᠡᠬᠦ ᠨᠢ ᠵᠢᠷᠤᠭ ᠰᠢᠭ᠋ ᠰᠠᠢᠬᠠᠨ᠃ ᠤᠷᠭᠤᠬᠤ ᠨᠠᠷᠠᠨ ᠤ᠋ ᠰᠢᠵᠢᠷ ᠲᠤᠶᠠᠭᠠᠨ ᠳ᠋ᠤ᠌ ᠭᠠᠵᠠᠷ ᠠ᠋ᠴᠠ ᠣᠢᠭᠰᠠᠨ ᠴᠡᠩᠬᠡᠷ ᠤᠨᠢᠶᠠᠷ ᠠᠭᠠᠵᠢᠮ ᠢ᠋ᠶ᠋ᠠᠷ ᠰᠤᠭᠤᠨᠠᠭ ᠲᠡᠳᠡᠨ ᠳᠡᠭᠡᠭᠰᠢᠯᠡᠬᠦ ᠳ᠋ᠦ᠍ ᠬᠣᠶᠠᠷ ᠪᠠᠷᠠᠭᠠᠨ ᠮᠣᠷᠢ ᠬᠥᠲᠥᠯᠦᠭᠰᠡᠨ ᠮᠣᠷᠢᠲᠠᠢ ᠬᠥᠮᠦᠨ ᠵᠡᠭᠦᠨᠰᠢ ᠳᠠᠪᠬᠢᠭᠤᠯᠬᠤ ᠶ᠋ᠢ ᠬᠠᠷᠠᠭᠠᠳ《ᠨᠠᠳᠠ ᠠ᠋ᠴᠠ ᠡᠷᠲᠡᠴᠢ ᠡᠷ᠎ᠡ ᠪᠠᠰᠠ ᠪᠠᠢᠵᠤ ᠳᠠ!》 ᠭᠡᠵᠦ ᠳᠦᠳᠦᠨᠡᠨ ᠲᠡᠷᠲᠡᠭᠡ ᠴᠡᠩᠬᠡᠷ ᠤᠨᠢᠶᠠᠷ ᠲᠠᠲᠠᠭᠰᠠᠨ ᠠᠯᠤᠰ ᠤ᠋ᠨ ᠪᠠᠷ᠎ᠠ ᠶ᠋ᠢ ᠰᠢᠷᠳᠡᠨ᠎ᠡ᠁ ᠵᠠᠩᠴᠣᠪ᠂ ᠪᠯᠠᠮᠤ ᠲᠠᠢ ᠪᠠᠨ ᠠᠭᠤᠯᠵᠠᠭᠰᠠᠨ ᠳ᠋ᠠᠭᠠᠨ ᠪᠠᠶᠠᠷᠯᠠᠵᠤ ᠵᠢᠷᠦᠬᠡ ᠨᠢ ᠨᠢᠭᠡ ᠬᠥᠭᠡᠷᠦᠨ ᠰᠡᠳᠬᠢᠯ ᠨᠢ ᠨᠢᠭᠡ ᠡᠮᠲᠡᠷᠡᠨ ᠮᠠᠭᠤ ᠣᠪᠣᠬᠠᠢ ᠪᠣᠷᠣ ᠭᠡᠷ ᠳᠡᠭᠡᠷ᠎ᠡ ᠪᠡᠨ ᠶᠠᠭᠠᠬᠢᠵᠤ ᠬᠦᠷᠴᠦ ᠣᠴᠢᠭᠰᠠᠨ ᠢ᠋ᠶ᠋ᠠᠨ ᠴᠤ᠌ ᠮᠡᠳᠡᠭᠰᠡᠨ ᠦᠭᠡᠢ᠃ ᠨᠠᠰᠤᠲᠠᠢ ᠡᠵᠢ ᠨᠢ ᠠᠯᠠᠭ᠎ᠠ ᠪᠠᠢᠯ᠎ᠠ᠃ ᠭᠤᠷ᠎ᠠ ᠶ᠋ᠢᠨ ᠠᠷᠠᠰᠤᠨ ᠰᠢᠷᠢᠳᠡᠭ᠂ ᠭᠠᠤᠯᠢᠨ ᠲᠣᠭᠣᠭ᠎ᠠ᠂ ᠳᠣᠮᠪᠣ ᠳᠡᠪᠦᠷ᠎ᠡ ᠵᠡᠷᠭᠡ ᠡᠨᠡ ᠲᠡᠷᠡ ᠥᠪᠡᠷ ᠦ᠋ᠨ ᠬᠡᠷᠡᠭᠯᠡᠳᠡᠭ ᠥᠪ ᠨᠡᠢᠯᠡᠭᠦᠯᠦᠭᠰᠡᠨ ᠶᠠᠭᠤᠮ᠎ᠠ ᠬᠡᠦᠮ᠎ᠡ ᠪᠡᠨ ᠲᠥᠬᠥᠭᠡᠷᠴᠦ ᠠᠪᠤᠭᠠᠳ ᠶᠠᠪᠤᠭᠰᠠᠨ ᠪᠠᠢᠪᠠ ᠁
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
