ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ –ᠬᠣᠶᠠᠳᠤᠭᠠᠷ ᠪᠦᠯᠦᠭ <ᠵᠢᠷᠭᠤᠭ᠎ᠠ> Хан мунын сүүрс < доорд > – Мөнх зохиоов ᠂ Гутгаар бодь – Хоёрдугаар бүлэг <6> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ –ᠬᠣᠶᠠᠳᠤᠭᠠᠷ ᠪᠦᠯᠦᠭ <ᠵᠢᠷᠭᠤᠭ᠎ᠠ> Хан мунын сүүрс < доорд > – Мөнх зохиоов ᠂ Гутгаар бодь – Хоёрдугаар бүлэг <6>

ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ –ᠬᠣᠶᠠᠳᠤᠭᠠᠷ ᠪᠦᠯᠦᠭ <ᠵᠢᠷᠭᠤᠭ᠎ᠠ> Хан мунын сүүрс < доорд > – Мөнх зохиоов ᠂ Гутгаар бодь – Хоёрдугаар бүлэг <6>

ᠠᠩᠭᠢᠯᠠᠯ:ᠲᠤᠭᠤᠵᠢ ᠷᠣᠮᠠᠨ
2025-01-14

227

ᠭᠤᠲᠠᠭᠠᠷ ᠪᠣᠲᠢ –ᠬᠣᠶᠠᠳᠤᠭᠠᠷ ᠪᠦᠯᠦᠭ <ᠵᠢᠷᠭᠤᠭ᠎ᠠ>


               ᠵᠢᠷᠭᠤᠭ᠎ᠠ    

       ᠪᠤᠭᠤᠲᠤ ᠶ᠋ᠢᠨ ᠬᠠᠷ᠎ᠠ ᠳᠠᠪᠠᠭ᠎ᠠ ᠭᠡᠭᠴᠢ ᠬᠣᠶᠠᠷ ᠵᠢᠯᠠᠭ᠎ᠠ ᠶ᠋ᠢᠨ ᠠᠭᠤᠯᠵᠠᠷ ᠠ᠋ᠴᠠ ᠳᠡᠭᠡᠭᠰᠢ ᠭᠦᠳᠦᠢᠭᠰᠡᠨ ᠬᠥᠮᠦᠨ ᠦ᠌ ᠬᠠᠮᠠᠷ ᠰᠢᠭ᠋ ᠮᠣᠩᠬᠣᠷ ᠪᠣᠯᠪᠠᠴᠤ ᠶᠠᠪᠤᠬᠤ ᠳ᠋ᠤ᠌ ᠴᠠᠭᠠᠬᠠᠨ ᠬᠢᠩᠭ᠎ᠠ ᠳᠠᠪᠠᠭ᠎ᠠ ᠶᠤᠮ᠃ ᠵᠡᠭᠦᠨ ᠪᠠᠷᠠᠭᠤᠨ ᠵᠢᠯᠠᠭ᠎ᠠ ᠶ᠋ᠢᠨ ᠡᠩᠭᠡᠷ ᠨᠢ ᠪᠠᠷᠵᠠᠭᠠᠷ ᠬᠠᠷ᠎ᠠ ᠬᠠᠳᠠ ᠲᠠᠢ ᠪᠣᠯᠬᠣᠷ ᠥᠭᠰᠥᠵᠦ ᠤᠷᠤᠭᠤᠳᠠᠬᠤ ᠳ᠋ᠤ᠌ ᠵᠠᠪᠠᠯ ᠡᠨᠡ ᠬᠠᠮᠠᠷ ᠢ᠋ ᠬᠢᠷᠠᠯᠠᠵᠤ ᠶᠠᠪᠤᠳᠠᠭ᠃ ᠬᠣᠶᠠᠷ ᠵᠢᠯᠠᠭ᠎ᠠ ᠶ᠋ᠢᠨ ᠠᠭᠤᠯᠵᠠᠷ ᠲᠠᠭᠠᠨ ᠶᠠᠯᠢ ᠦᠭᠡᠢ ᠬᠠᠷ᠎ᠠ ᠬᠠᠳᠠᠨ ᠬᠣᠰᠢᠭᠤ ᠲᠠᠢ᠃ ᠳᠡᠭᠡᠷ᠎ᠡ ᠡᠴᠡ ᠤᠷᠤᠭᠤᠳᠠᠭᠰᠠᠨ ᠵᠠᠮ ᠤ᠋ᠨ ᠬᠥᠮᠦᠨ ᠡᠨᠡ ᠬᠠᠳᠠᠨ ᠬᠣᠰᠢᠭᠤ ᠪᠠᠷ ᠮᠤᠷᠤᠢᠮᠠᠨᠵᠢᠨ ᠰᠠᠶᠢ ᠰᠢᠯᠤᠭᠤᠨ ᠵᠠᠮ ᠡᠯᠭᠦᠳᠡᠭ᠃ ᠥᠭᠡᠷ᠎ᠡ ᠭᠠᠷᠬᠤ ᠲᠦᠳᠡ ᠵᠠᠮ ᠭᠡᠵᠦ ᠠᠯᠠᠭ᠎ᠠ᠃ ᠲᠡᠭᠡᠬᠦᠯᠡᠷ ᠡᠨᠡ ᠬᠠᠷ᠎ᠠ ᠬᠠᠳᠠᠨ ᠬᠣᠰᠢᠭᠤ ᠥᠭᠰᠥᠵᠦ ᠤᠷᠤᠭᠤᠳᠠᠬᠤ ᠠᠶᠠᠨ ᠤ᠋ ᠬᠥᠮᠦᠨ ᠦ᠌ ᠵᠠᠮ ᠤ᠋ᠨ ᠠᠨᠢᠰᠤ ᠪᠣᠯᠬᠣᠷ ᠡᠨᠳᠡ ᠦᠷᠭᠦᠯᠵᠢ ᠳᠡᠭᠡᠷᠡᠮ ᠲᠤᠨᠤᠭ᠎ᠠ ᠡᠭᠦᠷᠯᠡᠵᠦ᠂ ᠠᠶᠠᠨ ᠤ᠋ ᠬᠥᠮᠦᠰ ᠦ᠋ᠨ ᠭᠠᠨᠵᠤᠭ᠎ᠠ ᠶ᠋ᠢ ᠬᠣᠭᠣᠰᠣᠯᠠᠳᠠᠭ ᠠᠵᠢ᠃ ᠬᠥᠮᠦᠰ ᠡᠨᠡ ᠳᠠᠪᠠᠭ᠎ᠠ ᠶ᠋ᠢ ᠬᠠᠳᠠ ᠨᠢ ᠪᠠᠷᠵᠠᠭᠠᠷ ᠬᠠᠷ᠎ᠠ ᠪᠣᠯᠬᠣᠷ《ᠬᠠᠷ᠎ᠠ ᠳᠠᠪᠠᠭ᠎ᠠ》 ᠭᠡᠳᠡᠭ ᠪᠢᠯᠡ᠃ ᠰᠡᠭᠦᠯ ᠦ᠋ᠨ ᠵᠢᠯ ᠦ᠋ᠳ ᠲᠦ᠍᠂ ᠳᠡᠭᠡᠷᠡᠮ ᠲᠤᠨᠤᠭ᠎ᠠ ᠠᠷᠪᠢᠳᠴᠤ᠂ ᠡᠨᠡ ᠬᠠᠷ᠎ᠠ ᠳᠠᠪᠠᠭᠠᠨ ᠳ᠋ᠤ᠌ ᠬᠥᠮᠦᠨ ᠬᠠᠷ᠎ᠠ ᠲᠠᠩᠳᠠ ᠲᠣᠨᠣᠵᠤ ᠳᠡᠭᠡᠷᠡᠮᠳᠡᠭᠳᠡᠳᠡᠭ ᠲᠤᠯᠠ《ᠴᠢᠳᠬᠥᠷ ᠦ᠋ᠨ ᠬᠠᠷ᠎ᠠ ᠳᠠᠪᠠᠭ᠎ᠠ》 ᠭᠡᠬᠦ ᠪᠣᠯᠤᠭᠰᠠᠨ ᠪᠢᠯᠡ᠃ ᠠᠳᠤᠭᠤᠳ ᠬᠠᠷ᠎ᠠ ᠳᠠᠪᠠᠭᠠᠨ ᠤ᠋ ᠬᠠᠷᠭᠤᠢ ᠶ᠋ᠢ ᠪᠠᠷᠢᠨ ᠲᠡᠮᠡᠭᠡᠨ ᠵᠢᠩ ᠦ᠋ᠨ ᠯᠤᠤᠭᠠᠷ ᠰᠢᠭ᠋ ᠰᠤᠪᠤᠷᠠᠨ᠎ᠠ᠃ ᠠᠩᠴᠢᠨᠵᠠᠪ ᠡᠮᠡᠭᠡᠯ ᠲᠡᠢ ᠨᠠᠳᠬᠤᠳᠠᠭ ᠬᠡᠭᠡᠷ ᠦ᠋ᠨ ᠵᠢᠯᠣᠭᠣ ᠶ᠋ᠢ ᠰᠤᠯᠠᠳᠬᠠᠵᠤ ᠡᠮᠦᠨ᠎ᠡ ᠪᠡᠨ ᠣᠷᠣᠭᠤᠯᠵᠤ ᠥᠪᠡᠷ ᠢ᠋ᠶ᠋ᠡᠨ ᠠᠷᠤ ᠠ᠋ᠴᠠ ᠨᠢ ᠨᠠᠷᠢᠨ ᠬᠡᠭᠡᠷ ᠢ᠋ᠶ᠋ᠡᠨ ᠬᠥᠲᠥᠯᠦᠨ ᠭᠣᠢᠭᠣᠷᠤᠨ᠎ᠠ᠁  
       ᠲᠦᠷᠦᠭᠦᠴᠢ ᠶ᠋ᠢᠨ ᠠᠳᠤᠭᠤᠳ ᠬᠠᠷ᠎ᠠ ᠬᠠᠳᠠᠨ ᠬᠣᠰᠢᠭᠤ ᠶ᠋ᠢ ᠮᠤᠷᠤᠢᠭᠠᠳ ᠬᠣᠢᠨ᠎ᠠ ᠬᠣᠢᠨ᠎ᠠ ᠠ᠋ᠴᠠ ᠪᠠᠨ ᠴᠤᠪᠤᠷᠠᠨ ᠵᠢᠯᠠᠭ᠎ᠠ ᠤᠷᠤᠭᠤᠳᠠᠵᠤ ᠪᠠᠢᠯ᠎ᠠ᠃ ᠠᠩᠴᠢᠨᠵᠠᠪ ᠳᠣᠲᠣᠷ᠎ᠠ ᠪᠠᠨ《ᠥᠨᠥᠳᠥᠷ ᠠᠩᠴᠢᠨᠵᠠᠪ ᠨᠠᠮᠠᠶ᠋ᠢ ᠠᠵᠠ ᠶ᠋ᠢᠨ ᠲᠩᠷᠢ ᠢᠪᠡᠭᠡᠵᠡᠢ ᠠ᠋᠃ ᠡᠨᠳᠡ ᠣᠷᠣᠰᠢᠭᠰᠠᠨ ᠳᠡᠭᠡᠷᠡᠮ ᠦ᠋ᠨ ᠰᠦᠨᠡᠰᠦ ᠠᠯᠠᠭ᠎ᠠ ᠪᠠᠢᠨ᠎ᠠ ᠬᠦ᠃ ᠡᠷᠲᠡ ᠮᠡᠳᠡᠭᠰᠡᠨ ᠪᠣᠯ ᠨᠠᠳᠬᠤᠳᠠᠭ ᠬᠡᠭᠡᠷ ᠦ᠋ᠨ ᠢ᠋ᠶ᠋ᠡᠨ ᠨᠢᠷᠤᠭᠤᠨ ᠳᠡᠭᠡᠷ᠎ᠡ ᠪᠤᠵᠢᠭᠢᠨᠠᠭᠠᠳ ᠪᠠᠭᠤᠳᠠᠭ ᠪᠠᠢᠵᠢ ᠳᠠ! ᠢᠩᠭᠢᠵᠦ ᠮᠣᠷᠢᠨ ᠤ᠋ ᠮᠤᠨᠳᠠᠭᠠᠨ ᠳ᠋ᠤ᠌ ᠨᠠᠭᠠᠯᠳᠤᠵᠤ ᠮᠠᠭᠤ ᠬᠤᠸᠠ ᠮᠣᠷᠢ ᠵᠣᠪᠠᠯᠭ᠎ᠠ ᠬᠣᠶᠠᠷ ᠢ᠋ᠶ᠋ᠠᠨ ᠵᠣᠪᠠᠭᠠᠵᠤ ᠶᠠᠭᠤ ᠬᠢᠪᠡ⁈》 ᠭᠡᠵᠦ ᠪᠣᠳᠣᠩᠭᠠᠨ ᠥᠨᠳᠡᠢᠲᠡᠯ᠎ᠡ ᠨᠠᠳᠬᠤᠳᠠᠭ ᠬᠡᠭᠡᠷ ᠭᠡᠨᠡᠳᠲᠡ ᠦᠷᠭᠦᠵᠦ ᠬᠠᠷ᠎ᠠ ᠬᠠᠳᠠᠨ ᠬᠤᠰᠢᠭᠤᠨ ᠤ᠋ ᠴᠢᠬᠤᠯᠬᠠᠨ ᠲᠣᠬᠣᠢ ᠳ᠋ᠤ᠌ ᠪᠤᠴᠠᠨ ᠡᠷᠭᠢᠵᠦ ᠬᠤᠸᠠ ᠮᠣᠷᠢᠨ ᠤ᠋ ᠪᠤᠷᠤᠭᠤ ᠲᠠᠯ᠎ᠠ ᠪᠠᠷ ᠵᠢᠳᠬᠦᠭᠰᠡᠨ ᠳ᠋ᠦ᠍ ᠠᠩᠴᠢᠨᠵᠠᠪ ᠢ᠋ ᠡᠰᠡ ᠯᠡ ᠬᠠᠳᠠᠨ ᠤ᠋ ᠱᠣᠷᠣ ᠳᠡᠭᠡᠷ᠎ᠡ ᠰᠠᠭᠤᠯᠭᠠᠴᠢᠬᠠᠬᠤ ᠠᠯᠳᠠᠪᠠ᠃ ᠲᠡᠭᠡᠲᠡᠯ᠎ᠡ ᠴᠠᠭᠠᠳᠤ ᠤᠷᠭᠤᠭ᠎ᠠ ᠬᠠᠷ᠎ᠠ ᠬᠠᠳᠠ ᠬᠥᠳᠡᠯᠬᠦ ᠰᠢᠭ᠂ ᠪᠤᠲᠠ ᠬᠠᠷᠭᠠᠨ᠎ᠠ ᠨᠤᠭᠤᠳ ᠴᠦ᠍ ᠪᠣᠰᠤᠭᠠᠳ ᠢᠷᠡᠬᠦ ᠰᠢᠭ ᠰᠡᠭᠦᠳᠡᠭᠡᠨᠡᠵᠦ ᠨᠢᠭᠡ ᠮᠡᠳᠡᠬᠦ ᠳ᠋ᠦ᠍ ᠳᠣᠯᠣᠭ᠎ᠠ ᠨᠠᠢ᠍ᠮᠠᠨ ᠬᠠᠷ᠎ᠠ ᠰᠡᠭᠦᠳᠡᠷ ᠲᠡᠭᠦᠨ ᠢ᠋ ᠮᠣᠷᠢ ᠲᠠᠢ ᠨᠢ ᠰᠢᠬᠠᠵᠤ ᠢᠷᠡᠭᠡᠳ᠄ 
       — ᠪᠢᠲᠡᠭᠡᠢ ᠬᠥᠳᠡᠯ! ᠨᠣᠮᠣᠬᠠᠨ ᠪᠠᠢ ᠭᠡᠳ ᠲᠡᠭᠦᠨ ᠦ᠌ ᠭᠠᠷ ᠠ᠋ᠴᠠ ᠮᠣᠷᠢᠨ ᠤ᠋ ᠴᠤᠯᠪᠤᠭᠤᠷ ᠢ᠋ ᠨᠢ ᠰᠤᠭᠤ ᠲᠠᠲᠠᠪᠠ᠃ 
       ᠬᠡᠳᠦ ᠬᠡᠳᠦᠨ ᠲᠠᠯ᠎ᠠ ᠠ᠋ᠴᠠ ᠫᠤᠤ ᠲᠤᠯᠭᠠᠵᠤ ᠥᠭᠡᠳᠡ ᠡᠴᠡ ᠬᠠᠷ᠎ᠠ ᠨᠦᠬᠡ ᠣᠩᠭᠣᠯᠵᠠᠨ᠎ᠠ᠃ ᠬᠣᠶᠠᠷ ᠨᠢ ᠲᠡᠭᠦᠨ ᠦ᠌ ᠭᠠᠷ ᠢ᠋ ᠮᠤᠰᠬᠢᠵᠦ᠂ ᠨᠢᠭᠡ ᠨᠢ ᠲᠡᠭᠦᠨ ᠦ᠌ ᠨᠢᠳᠦ ᠶ᠋ᠢ ᠪᠦᠲᠡᠭᠡᠪᠡ᠃ 
       ᠠᠩᠴᠢᠨᠵᠠᠪ ᠲᠡᠷᠡ ᠳᠣᠣᠷ᠎ᠠ ᠪᠠᠨ ᠲᠣᠩᠭᠣᠷᠠᠵᠤ ᠬᠣᠶᠠᠷ ᠢ᠋ ᠨᠢ ᠪᠠᠯᠪᠠᠵᠤ ᠬᠠᠶᠠᠨ ᠬᠠᠳᠠ ᠳᠡᠷᠡᠯᠡᠭᠦᠯᠬᠦ ᠳ᠋ᠦ᠍ ᠪᠡᠯᠡᠬᠡᠨ ᠪᠠᠢᠯ᠎ᠠ᠃ ᠡᠳᠡᠨᠥᠰ ᠫᠤᠤ ᠵᠡᠪᠰᠡᠭ ᠲᠡᠢ᠂ ᠥᠪᠡᠷ ᠢ᠋ᠶ᠋ᠡᠨ ᠬᠣᠶᠠᠷ ᠨᠢᠳᠤᠷᠭ᠎ᠠ ᠬᠤᠢ ᠲᠠᠢ ᠬᠢᠲᠤᠭ᠎ᠠ ᠬᠣᠶᠠᠷ ᠠ᠋ᠴᠠ ᠥᠭᠡᠷ᠎ᠡ ᠶᠠᠭᠤ ᠴᠦ᠍ ᠦᠭᠡᠢ᠃ ᠳᠡᠮᠡᠢ ᠤᠴᠢᠷ ᠤᠬᠠᠭᠠᠨ ᠢ᠋ ᠨᠢ ᠮᠡᠳᠡᠬᠦ ᠦᠭᠡᠢ ᠬᠠᠷ᠎ᠠ ᠮᠤᠨᠳᠠᠭᠤᠨ ᠢ᠋ᠶ᠋ᠠᠷ ᠨᠦᠳᠦᠯᠴᠡᠵᠦ ᠬᠠᠷᠠᠩᠭᠤᠢ ᠳ᠋ᠤ᠌ ᠫᠤᠤ ᠶ᠋ᠢᠨ ᠪᠥᠭᠯᠡᠭᠡ ᠪᠣᠯᠵᠤ ᠠᠮᠢ ᠪᠠᠨ ᠠᠯᠳᠠᠬᠤ ᠶ᠋ᠢᠨ ᠣᠷᠣᠨ ᠳ᠋ᠤ᠌ ᠬᠡᠯᠡ ᠤᠯᠠ ᠪᠠᠨ ᠣᠯᠤᠯᠴᠠᠵᠤ ᠪᠠᠢᠭᠠᠳ ᠮᠡᠳᠡᠶ᠎ᠡ! ᠡᠳᠡᠨᠥᠰ ᠨᠠᠳᠠ ᠲᠠᠢ ᠶᠠᠮᠠᠷ ᠴᠦ᠍ ᠦᠰ ᠬᠣᠨᠵᠢᠩ ᠦᠭᠡᠢ᠂ ᠵᠦᠭᠡᠷ ᠯᠡ ᠵᠠᠮ ᠤ᠋ᠨ ᠲᠣᠨᠣᠭ᠎ᠠ ᠡᠳ᠋ ᠮᠥᠩᠭᠥᠨ ᠳ᠋ᠦ᠍ ᠪᠣᠯᠤᠭᠰᠠᠨ ᠪᠣᠯ ᠶᠠᠭᠠᠬᠢᠬᠤ ᠪᠣᠢ? ᠭᠤᠷᠪᠠᠨ ᠮᠣᠷᠢ ᠪᠠᠨ ᠥᠭᠭᠦᠭᠡᠳ ᠪᠡᠶ᠎ᠡ ᠮᠤᠯᠲᠤᠷᠠᠬᠤ ᠨᠢ ᠳᠡᠭᠡᠷ᠎ᠡ᠁ ᠭᠡᠵᠦ ᠪᠣᠳᠣᠬᠤ ᠠ᠋ᠴᠠ ᠪᠡᠶ᠎ᠡ ᠨᠢ ᠠᠭᠵᠠᠰᠬᠢᠵᠦ ᠪᠠᠢᠭᠰᠠᠨ ᠢ᠋ᠶ᠋ᠠᠨ ᠠᠶᠠᠳᠪᠠ᠃  
       ᠳᠡᠭᠡᠷᠡᠮ ᠲᠤᠨᠤᠭ᠎ᠠ ᠨᠤᠭᠤᠳ ᠲᠡᠭᠦᠨ ᠦ᠌ ᠰᠤᠭᠤ᠂ ᠪᠦᠰᠡᠯᠡᠭᠦᠷ ᠢ᠋ ᠲᠡᠮᠲᠡᠷᠢᠨ ᠨᠡᠩᠵᠢᠵᠦ᠄ 
       — ᠪᠡᠶ᠎ᠡ ᠳ᠋ᠦ᠍ᠨᠢ ᠫᠤᠤ ᠵᠡᠪᠰᠡᠭ ᠭᠡᠮᠡᠷ ᠶᠠᠭᠤᠮ᠎ᠠ ᠪᠠᠢᠬᠤ ᠦᠭᠡᠢ ᠭᠡᠵᠦ ᠨᠢᠭᠡ ᠨᠢ ᠬᠡᠯᠡᠪᠡᠯ᠂ 
       — ᠠ᠂ ᠵᠦᠭᠡᠷ ᠯᠡ ᠠᠶᠠᠨ ᠤ᠋ ᠬᠥᠮᠦᠨ ᠴᠦ᠍ ᠶᠦᠮ ᠤᠤ ᠠᠳᠤᠭᠤᠴᠢ ᠪᠣᠯᠤᠯᠲᠠᠢ ᠳᠠ! ᠭᠡᠵᠦ ᠪᠠᠰᠠ ᠨᠢᠭᠡ ᠨᠢ ᠲᠡᠭᠦᠨ ᠦ᠌ ᠪᠡᠶ᠎ᠡ ᠳ᠋ᠦ᠍ ᠠᠰᠢᠭᠦᠢ ᠨᠠᠭᠠᠰᠢᠲᠠᠢ ᠶᠠᠭᠤᠮ᠎ᠠ ᠬᠡᠯᠡᠬᠦ ᠳ᠋ᠦ᠍ ᠠᠩᠴᠢᠨᠵᠠᠪ ᠤ᠋ᠨ ᠳᠣᠲᠣᠷ᠎ᠠ ᠪᠠᠶᠠᠰᠬᠤ ᠰᠢᠭ᠋ ᠥᠴᠦᠬᠡᠨ ᠭᠡᠷᠡᠯ ᠬᠠᠷᠪᠤᠵᠤ ᠣᠷᠣᠨ《ᠬᠡᠳᠦᠨ ᠮᠣᠷᠢ ᠪᠠᠨ ᠥᠭᠭᠦᠭᠡᠳ ᠵᠣᠯ ᠢ᠋ᠶ᠋ᠠᠷ ᠠᠮᠢ ᠲᠠᠢ ᠮᠤᠯᠲᠤᠷᠠᠬᠤ ᠶᠤᠮ ᠪᠠᠢᠨ᠎ᠠ》 ᠭᠡᠵᠦ ᠪᠣᠳᠣᠵᠤ ᠵᠠᠪᠳᠤᠪᠠ᠃  
       — ᠲᠡᠭᠡᠪᠡᠯ ᠮᠣᠷᠢᠨ ᠤ᠋ ᠬᠢᠨᠢ ᠭᠠᠨᠵᠤᠭ᠎ᠠ ᠶ᠋ᠢ ᠨᠢ ᠪᠠᠭᠤᠯᠭᠠᠵᠤ ᠠᠪᠤᠭᠠᠳ ᠬᠥᠮᠦᠨ ᠢ᠋ ᠨᠢ ᠳᠡᠯᠪᠢ! ᠡᠬᠡ ᠶ᠋ᠢᠨ ᠬᠢᠨᠢ ᠣᠩᠬᠣᠷ᠁ ᠭᠡᠵᠦ ᠲᠦᠷᠦᠭᠦᠦ ᠨᠢ ᠪᠣᠯᠤᠯᠲᠠᠢ ᠫᠠᠷᠭᠢᠶ᠎ᠠ ᠳᠠᠭᠤ ᠲᠠᠢ ᠡᠷ᠎ᠡ ᠵᠠᠩᠳᠠᠨ ᠬᠡᠯᠡᠬᠦ ᠳ᠋ᠦ᠍ ᠲᠡᠷᠡ ᠳᠠᠭᠤ ᠠᠩᠴᠢᠨᠵᠠᠪ ᠲᠤ ᠠᠷᠭ᠎ᠠ ᠦᠭᠡᠢ ᠳᠠᠰᠤᠯ ᠰᠠᠨᠠᠭᠳᠠᠪᠠ᠃ 
       ᠲᠡᠷᠡ ᠡᠷ᠎ᠡ ᠶ᠋ᠢᠨ ᠳᠠᠭᠤ ᠨᠠᠮᠵᠢᠬᠤ ᠲᠠᠢ ᠵᠡᠷᠭᠡ ᠲᠡᠭᠦᠨ ᠦ᠌ ᠨᠢᠳᠦᠨ ᠦ᠌ ᠪᠦᠲᠡᠭᠡᠯᠭᠡ ᠲᠠᠢᠯᠤᠭᠳᠠᠵᠤ᠂ ᠬᠦᠯᠢᠭᠳᠡᠭᠰᠡᠨ ᠬᠦᠯᠢᠶᠡᠰᠦ ᠶ᠋ᠢ ᠠᠯᠳᠠᠷᠠᠭᠠᠵᠤ ᠪᠠᠢᠪᠠ᠃ 
     《ᠪᠠᠢᠵᠠ ᠳᠠ᠂ ᠬᠡᠵᠢᠶ᠎ᠡ ᠪᠢᠯᠡ? ᠬᠠᠮᠢᠭ᠎ᠠ ᠡᠨᠡ ᠡᠷ᠎ᠡ ᠲᠡᠢ᠁》 ᠭᠡᠵᠦ ᠪᠣᠳᠣᠲᠠᠯ᠎ᠠ ᠬᠠᠵᠠᠭᠤ ᠶ᠋ᠢᠨ ᠨᠢᠭᠡ ᠨᠢ᠄ 
       — ᠡᠨᠡ ᠴᠢᠰᠤ ᠠᠢᠯ ᠤ᠋ᠨ ᠠᠳᠤᠭᠤ ᠶ᠋ᠢ ᠬᠥᠭᠡᠭᠡᠵᠦ᠁ ᠲᠠᠯᠪᠢᠵᠤ ᠪᠣᠯᠬᠤ ᠦᠭᠡᠢ᠂ ᠯᠠᠪ ᠬᠤᠯᠠᠭᠠᠢᠴᠢ ᠮᠥᠨ! ᠭᠡᠰᠡᠨ ᠳ᠋ᠦ᠍ ᠲᠡᠭᠦᠨ ᠦ᠌ ᠬᠣᠶᠠᠷ ᠭᠠᠷ ᠤ᠋ᠨ ᠬᠦᠯᠢᠶᠡᠰᠦ ᠶ᠋ᠢ ᠳᠠᠬᠢᠨ ᠴᠢᠩᠭᠠᠯᠠᠪᠠ᠃ 
       — ᠴᠢ ᠶᠠᠭᠤᠨ ᠤ᠋ ᠬᠥᠮᠦᠨ ᠪᠣᠢ! 
       — ᠠᠳᠤᠭᠤᠴᠢ᠂ ᠪᠢᠰᠢ᠂ ᠪᠢᠰᠢ! ᠵᠠᠮ ᠤ᠋ᠨ ᠬᠥᠮᠦᠨ!  
       — ᠵᠠᠮ ᠤ᠋ᠨ ᠬᠥᠮᠦᠨ ᠭᠡᠵᠦ ᠪᠠᠢᠭᠠᠳ ᠰᠢᠯᠤᠭᠤᠬᠠᠨ ᠶᠠᠪᠤᠬᠤ ᠦᠭᠡᠢ ᠶᠠᠭᠤᠨ ᠳ᠋ᠤ᠌ ᠠᠢᠯ ᠤ᠋ᠨ ᠠᠳᠤᠭᠤ ᠶ᠋ᠢ ᠬᠥᠭᠡᠭᠡᠳᠡᠭ ᠪᠣᠢ? 
       — ᠦᠭᠡᠢ ᠠ᠋᠂ ᠪᠢ ᠠᠳᠤᠭᠤ ᠬᠥᠭᠡᠭᠡᠬᠦ ᠶᠦᠮ ᠪᠣᠯ ᠴᠠᠭᠠᠳᠤ ᠭᠣᠪᠢ ᠬᠠᠩᠭᠠᠢ ᠶ᠋ᠢᠨ ᠠᠷᠳᠠᠭ ᠠᠳᠤᠭᠤ ᠶ᠋ᠢ ᠬᠥᠭᠡᠭᠡᠬᠦ ᠦᠭᠡᠢ ᠶᠠᠭᠤᠨ ᠳ᠋ᠤ᠌ ᠲᠠᠴᠢᠷ ᠬᠢᠷᠡᠰᠦ ᠮᠡᠷᠡᠭᠰᠡᠨ ᠠᠳᠠᠰᠬ᠎ᠠ ᠨᠤᠭᠤᠳ ᠢ᠋ ᠬᠥᠭᠡᠭᠡᠬᠦ ᠪᠣᠢ ᠳᠠ! ᠭᠡᠵᠦ ᠠᠩᠴᠢᠨᠵᠠᠪ ᠡᠨᠡ ᠠᠳᠤᠭᠤ ᠶ᠋ᠢ ᠲᠣᠭᠣᠬᠤ ᠦᠭᠡᠢ ᠶᠠᠭᠤᠮ᠎ᠠ ᠶᠠᠷᠢᠭᠰᠠᠨ ᠳ᠋ᠤ᠌ ᠨᠢᠭᠡ ᠨᠢ ᠲᠣᠰᠴᠤ᠄  
       — ᠬᠠᠷᠠᠵᠤ ᠪᠠᠢᠲᠠᠯ᠎ᠠ ᠬᠠᠳᠠᠨ ᠬᠣᠰᠢᠭᠤ ᠶ᠋ᠢ ᠮᠤᠷᠤᠢᠨ ᠠᠳᠤᠭᠤ ᠭᠡᠯᠢᠭᠰᠡᠨ ᠢ᠋ᠶ᠋ᠡᠨ ᠮᠠᠯᠵᠢᠨ᠎ᠠ ᠤᠤ? ᠭᠡᠯ᠎ᠡ᠃ 
       — ᠪᠢᠰᠢ᠂ ᠪᠢ ᠡᠨᠡ ᠠᠳᠤᠭᠤᠳ ᠢ᠋ ᠬᠠᠨᠢ ᠲᠠᠲᠠᠵᠤ ᠡᠮᠦᠨ᠎ᠡ ᠪᠡᠨ ᠪᠠᠮᠪᠠᠢᠯᠠᠭᠠᠳ《ᠴᠢᠳᠬᠥᠷ ᠦ᠋ᠨ ᠬᠠᠷ᠎ᠠ ᠳᠠᠪᠠᠭᠠᠨ》 ᠳ᠋ᠤ᠌ ᠨᠢᠭᠤᠭᠳᠠᠭᠰᠠᠨ ᠲᠠ ᠨᠠᠷ ᠤ᠋ᠨ ᠨᠢᠳᠦ ᠶ᠋ᠢ ᠬᠠᠭᠤᠷᠬᠤ ᠭᠡᠰᠡᠨ ᠮᠢᠨᠢ ᠪᠠᠢᠳᠠᠭ ᠦᠭᠡᠢ ᠠ᠋! 
       — ᠬᠠ᠂ ᠬᠠ᠂ ᠬᠠ᠁ ᠭᠡᠵᠦ ᠲᠦᠷᠦᠭᠦᠦ ᠨᠢ ᠪᠣᠯᠤᠯᠲᠠᠢ ᠲᠡᠷᠡ ᠡᠷ᠎ᠡ ᠬᠠᠳᠠᠭᠠᠨᠠᠨ ᠢᠨᠢᠶᠡᠵᠦ《ᠡᠬᠡ ᠶ᠋ᠢᠨ ᠬᠢᠨᠢ ᠤᠩᠬᠤᠷ᠁ ᠪᠠᠰᠠ ᠰᠠᠢᠨ ᠡᠷ᠎ᠡ ᠶ᠋ᠢᠨ ᠨᠢᠭᠡ ᠪᠠᠢᠨ᠎ᠠ ᠬᠦ᠂ ᠠᠲᠤᠷᠢᠲᠠᠯ᠎ᠠ ᠬᠦᠯᠢᠵᠦ ᠠᠪᠤᠭᠠᠳ ᠶᠠᠪᠤ!》 ᠭᠡᠰᠡᠨ ᠬᠠᠬᠢᠷ ᠳᠠᠭᠤᠨ ᠢ᠋ᠶ᠋ᠠᠷ ᠨᠢ ᠠᠩᠴᠢᠨᠵᠠᠪ ᠲᠡᠭᠦᠨ ᠦ᠌ ᠬᠡᠨ ᠪᠣᠯᠬᠤ ᠶ᠋ᠢ ᠲᠠᠨᠢᠪᠠ᠃ ᠦᠭᠡ ᠪᠣᠯᠭᠠᠨ ᠤ᠋ ᠪᠠᠨ ᠰᠡᠭᠦᠯ ᠳ᠋ᠦ᠍《ᠡᠬᠡ ᠶ᠋ᠢᠨ ᠬᠢᠨᠢ ᠤᠩᠬᠤᠷ᠁》 ᠭᠡᠵᠦ ᠳᠠᠭᠠᠭᠤᠯᠵᠤ ᠬᠡᠯᠡᠬᠦ ᠳᠠᠳᠬᠠᠯ ᠲᠠᠢ ᠪᠠᠷ ᠨᠢ ᠳᠡᠭᠡᠷᠡᠮ ᠦ᠋ᠨ ᠲᠦᠷᠦᠭᠦᠦ ᠬᠠᠷ᠎ᠠ ᠨᠢᠳᠦᠲᠦ ᠪᠣᠯᠬᠤ ᠶ᠋ᠢ ᠮᠡᠳᠡᠵᠡᠢ᠃  
       ᠭᠤᠷᠪᠠᠨ ᠵᠢᠯ ᠦ᠋ᠨ ᠡᠮᠦᠨᠡᠬᠢ ᠨᠢᠭᠡ ᠡᠪᠦᠯ ᠶᠤᠮᠰᠠᠨ᠃ ᠠᠩᠴᠢᠨᠵᠠᠪ ᠪᠤᠭᠤᠲᠤ ᠳ᠋ᠤ᠌ ᠮᠠᠭᠠᠵᠢ ᠶ᠋ᠢᠨ ᠴᠣᠬᠣᠷ ᠴᠢᠷᠠᠢᠲᠤ ᠮᠠ ᠣᠪᠣᠭᠲᠤ ᠬᠣᠲᠣᠩ ᠤ᠋ᠨ ᠶᠡᠬᠡ ᠬᠦᠷᠢᠶᠡᠨ ᠳ᠋ᠦ᠍ ᠡᠨᠡ ᠡᠷ᠎ᠡ ᠳ᠋ᠦ᠍ ᠲᠣᠯᠣᠭᠠᠢ ᠳ᠋ᠠᠭᠠᠨ ᠰᠤᠮᠠᠯ ᠬᠥᠮᠥᠷᠢᠭᠦᠯᠵᠦ ᠮᠠᠨᠴᠤᠷᠭ᠎ᠠ ᠳ᠋ᠤ᠌ ᠬᠦᠷᠭᠡᠭᠳᠡᠭᠰᠡᠨ ᠢ᠋ᠶ᠋ᠡᠨ ᠰᠠᠨᠠᠵᠤ᠂ ᠥᠪᠡᠷ ᠢ᠋ ᠨᠢ ᠲᠡᠭᠦᠨ ᠦ᠌ ᠳᠡᠭᠡᠷᠡᠬᠢ ᠲᠦᠷᠦᠭᠦᠦ ᠮᠠᠨᠴᠤᠷᠭ᠎ᠠ ᠳ᠋ᠤ᠌《ᠮᠠᠨᠴᠤᠷᠭ᠎ᠠ ᠭᠤᠸᠠᠢ ᠠ᠋! ᠣᠯᠵᠠ ᠶ᠋ᠢᠨ ᠶᠡᠬᠡ ᠭᠠᠨᠵᠤᠭ᠎ᠠ ᠲᠠᠢ ᠪᠣᠯᠤᠯ᠎ᠠ᠁< ᠡᠬᠡ ᠶ᠋ᠢᠨ ᠬᠢᠨᠢ ᠤᠩᠬᠤᠷ>》 ᠭᠡᠵᠦ ᠬᠠᠷᠢᠶᠠᠯ ᠲᠠᠯᠪᠢᠵᠤ ᠪᠠᠢᠭᠰᠠᠨ ᠢ᠋ ᠠᠷᠭ᠎ᠠ ᠦᠭᠡᠢ ᠤᠨᠤᠭᠠᠨ ᠲᠠᠨᠢᠵᠤ᠄ 
       — ᠮᠢᠨᠦ ᠳᠡᠭᠦᠦ ᠠ᠋! ᠬᠠᠷ᠎ᠠ ᠨᠢᠳᠦᠲᠦ᠁ ᠭᠡᠵᠦ ᠳᠠᠭᠤᠨ ᠠᠯᠳᠠᠭᠰᠠᠨ ᠳ᠋ᠤ᠌ ᠲᠡᠷᠡ ᠡᠷ᠎ᠡ᠄ 
       — ᠴᠢ ᠬᠡᠨ ᠪᠣᠢ? ᠭᠡᠯ᠎ᠡ᠃ 
       — ᠨᠠᠮᠠᠶ᠋ᠢ ᠲᠠᠨᠢᠬᠤ ᠦᠭᠡᠢ ᠤᠤ? 
       — ᠴᠢ ᠬᠠᠮᠢᠭᠠᠬᠢ ᠶ᠋ᠢᠨ ᠬᠥᠮᠦᠨ?  
       — ᠮᠢᠨᠦ ᠳᠡᠭᠦᠦ ᠦᠨᠡᠬᠡᠷ ᠨᠠᠮᠠᠶ᠋ᠢ ᠲᠠᠨᠢᠬᠤ ᠦᠭᠡᠢ ᠪᠠᠢᠨ᠎ᠠ ᠭᠡᠵᠢ ᠤᠤ? ᠪᠢ ᠢᠲᠡᠭᠡᠬᠦ ᠦᠭᠡᠢ ᠠ᠋!  
       — ᠠ᠂ ᠠ᠁ ᠭᠡᠵᠦ ᠲᠡᠷᠡ ᠡᠷ᠎ᠡ ᠲᠣᠯᠣᠭᠠᠢ ᠪᠠᠨ ᠮᠠᠭᠠᠵᠢᠯᠬᠢᠯᠡᠨ ᠪᠣᠳᠣᠵᠤ ᠪᠣᠳᠣᠭᠠᠳ ᠨᠡᠷ᠎ᠡ ᠥᠭᠴᠦ ᠴᠢᠳᠠᠭᠰᠠᠨ ᠦᠭᠡᠢ ᠳ᠋ᠦ᠍ ᠠᠩᠴᠢᠨᠵᠠᠪ᠄ 
       — ᠮᠠᠭᠠᠵᠢ ᠶ᠋ᠢᠨ ᠴᠣᠬᠣᠷ ᠤ᠋ᠨ ᠶᠡᠬᠡ ᠬᠦᠷᠢᠶ᠎ᠡ᠁ ᠰᠤᠮᠠᠯ ᠢ᠋ᠶ᠋ᠠᠷ ᠨᠠᠮᠠᠶ᠋ᠢ ᠬᠥᠮᠥᠷᠢᠵᠦ ᠮᠠᠨᠴᠤᠷᠭ᠎ᠠ ᠳ᠋ᠤ᠌᠁ ᠭᠡᠰᠡᠨ ᠳ᠋ᠦ᠍ ᠲᠡᠷᠡ ᠡᠷ᠎ᠡ ᠰᠡᠭᠡᠰᠬᠢᠨ᠄  
       — ᠣ᠂ ᠠᠩᠴᠢᠨ ᠭᠤᠸᠠᠢ ᠪᠠᠢᠨ᠎ᠠ ᠰᠢᠲᠠ! ᠴᠢ ᠶᠠᠭᠤ ᠬᠢᠵᠦ ᠬᠠᠷᠠᠩᠭᠤᠢ ᠰᠥᠨᠢ ᠪᠡᠷ ᠬᠠᠷ᠎ᠠ ᠳᠠᠪᠠᠭ᠎ᠠ ᠶ᠋ᠢ᠁ ᠭᠡᠳ ᠬᠠᠷ᠎ᠠ ᠨᠢᠳᠦᠲᠦ ᠠᠩᠴᠢᠨᠵᠠᠪ ᠤ᠋ᠨ ᠮᠥᠷᠥ ᠶ᠋ᠢ ᠳᠠᠪᠰᠢᠨ《ᠲᠠ ᠨᠠᠷ ᠡᠴᠢᠭᠡ ᠳ᠋ᠡᠭᠡᠨ ᠮᠠᠭᠠᠷᠠᠭᠠᠳ ᠪᠠᠢᠨ᠎ᠠ ᠪᠣᠢ? ᠬᠤᠷᠳᠤᠨ ᠤᠶᠠᠭᠠᠰᠤ ᠬᠦᠯᠢᠶᠡᠰᠦ ᠶ᠋ᠢ ᠨᠢ ᠰᠤᠯᠠᠯᠠ! ᠡᠬᠡ ᠶ᠋ᠢᠨ ᠬᠢᠨᠢ ᠤᠩᠬᠤᠷ!》 ᠭᠡᠰᠡᠨ ᠳ᠋ᠦ᠍ ᠨᠥᠭᠥᠭᠡᠳᠦᠭᠦᠯᠡ ᠨᠢ ᠠᠩᠴᠢᠨᠵᠠᠪ ᠤ᠋ᠨ ᠬᠦᠯᠢᠶᠡᠰᠦ ᠪᠣᠭᠣᠯᠲᠠ ᠶ᠋ᠢ ᠰᠤᠯᠠᠯᠠᠪᠠ᠃ 
       — ᠪᠢ ᠮᠠᠨᠴᠤᠷᠭ᠎ᠠ ᠲᠠ ᠬᠣᠶᠠᠷ ᠲᠠᠢ ᠪᠠᠨ ᠠᠭᠤᠯᠵᠠᠶ᠎ᠠ ᠯᠠ ᠭᠡᠵᠦ ᠶᠠᠪᠤᠭ᠎ᠠ᠃ ᠨᠢᠳᠦ ᠢᠷᠮᠡᠬᠦ ᠶ᠋ᠢᠨ ᠵᠠᠭᠤᠷ᠎ᠠ ᠪᠠᠰᠠ ᠣᠪᠣᠭ᠎ᠠ ᠬᠡᠳᠦᠨ ᠵᠢᠯ ᠪᠣᠯᠴᠢᠬᠠᠯ᠎ᠠ ᠳᠠ᠂ ᠲᠠ ᠬᠣᠶᠠᠷ ᠲᠤ ᠰᠠᠢᠨ ᠬᠦᠯᠦᠭ ᠣᠯᠵᠤ ᠥᠭᠭᠦᠨ᠎ᠡ ᠭᠡᠵᠦ ᠠᠮᠠᠯᠠᠴᠢᠬᠠᠭᠠᠳ ᠶᠠᠪᠤᠭᠰᠠᠨ ᠢ᠋ᠶ᠋ᠠᠨ ᠪᠢ ᠮᠠᠷᠲᠠᠭ᠎ᠠ ᠦᠭᠡᠢ ᠰᠢᠦ! ᠡᠷ᠎ᠡ ᠬᠥᠮᠦᠨ ᠬᠡᠯᠡᠭᠰᠡᠨ ᠳ᠋ᠡᠭᠡᠨ ᠡᠵᠡᠨ ᠰᠠᠭᠤᠬᠤ ᠦᠭᠡᠢ ᠪᠣᠯ ᠡᠯᠢᠭᠡ ᠨᠢ ᠬᠠᠲᠠᠵᠤ ᠦᠬᠦᠳᠡᠭ ᠰᠢᠳᠡ! ᠥᠨᠥᠳᠥᠷ ᠪᠢ ᠲᠠ ᠠᠬ᠎ᠠ ᠳᠡᠭᠦᠦ ᠬᠣᠶᠠᠷ ᠲᠤ ᠢᠵᠢᠯᠢ ᠵᠢᠰᠦᠮ ᠦ᠋ᠨ ᠬᠣᠶᠠᠷ ᠬᠡᠭᠡᠷ ᠮᠣᠷᠢ ᠬᠥᠲᠥᠯᠵᠦ ᠢᠷᠡᠯ᠎ᠡ᠃ ᠣᠷᠬᠣᠨ ᠭᠣᠣᠯ ᠤ᠋ᠨ ᠰᠠᠢᠨ ᠠᠳᠤᠭᠤᠨ ᠤ᠋ ᠤᠳᠤᠮ ᠶᠤᠮ ᠠ᠋! ᠥᠨᠥᠳᠥᠷ ᠡᠨᠳᠡ ᠰᠠᠨᠠᠮᠰᠠᠷ ᠦᠭᠡᠢ ᠴᠢᠮ᠎ᠠ ᠲᠠᠢ ᠠᠭᠤᠯᠵᠠᠨ᠎ᠠ ᠭᠡᠵᠦ ᠶᠢᠰᠦᠨ ᠵᠡᠭᠦᠳᠦᠨ ᠳ᠋ᠦ᠍ ᠣᠷᠣᠭ᠎ᠠ ᠦᠭᠡᠢ᠃ ᠴᠢ ᠦᠨᠡᠬᠡᠷ ᠬᠡᠰᠢᠭᠲᠡᠢ ᠬᠥᠮᠦᠨ ᠦ᠌ ᠨᠢᠭᠡ ᠨᠢ ᠪᠠᠢᠨ᠎ᠠ᠃ ᠮᠠᠨᠴᠤᠷᠭ᠎ᠠ ᠠ᠋ᠴᠠ ᠤᠷᠢᠳ ᠢ᠋ᠶ᠋ᠠᠷ ᠨᠠᠳᠠ ᠲᠠᠢ ᠠᠭᠤᠯᠵᠠᠭᠰᠠᠨ ᠶᠤᠮ ᠴᠢᠨᠢ ᠮᠢᠨᠦ ᠳᠡᠭᠦᠦ ᠭᠠᠨᠵᠤᠭ᠎ᠠ ᠶ᠋ᠢᠨ ᠬᠡᠰᠢᠭ ᠲᠦ᠍ ᠭᠠᠷ ᠥᠭᠡᠳᠡ ᠪᠡᠨ ᠲᠠᠲᠠᠵᠤ ᠬᠣᠶᠠᠷ ᠬᠡᠭᠡᠷ ᠦ᠋ᠨ ᠲᠣᠭᠣᠭᠰᠠᠨ ᠨᠢᠭᠡ ᠶ᠋ᠢ ᠪᠡᠨ ᠰᠣᠩᠭᠣᠵᠤ ᠠᠪᠤᠭᠠᠷᠠᠢ! ᠭᠡᠰᠡᠨ ᠳ᠋ᠦ᠍ ᠬᠠᠷ᠎ᠠ ᠨᠢᠳᠦᠲᠦ᠄ 
       — ᠬᠣᠶᠠᠷ ᠬᠡᠭᠡᠷ ᠦ᠋ᠨ ᠨᠢᠭᠡ ᠶ᠋ᠢ ᠨᠢ᠁ ᠭᠡᠯ᠎ᠡ᠃   
       — ᠠ᠂ ᠦᠭᠡᠢ ᠠ᠋! ᠬᠠᠷ᠎ᠠ ᠨᠢᠳᠦᠲᠦ ᠴᠢ ᠨᠥᠭᠦᠭᠡ ᠬᠤᠸᠠ ᠮᠣᠷᠢ ᠭᠤᠷᠪᠠ ᠶ᠋ᠢᠨ ᠠᠯᠢᠨ ᠢ᠋ ᠨᠢ ᠲᠣᠭᠣᠭᠰᠠᠨ ᠪᠣᠯ ᠲᠡᠷᠡ ᠶ᠋ᠢ ᠪᠡᠨ ᠠᠪ ᠯᠠ ᠳᠠ! ᠠᠬ᠎ᠠ ᠨᠢ ᠴᠢᠮ᠎ᠠ ᠠ᠋ᠴᠠ ᠶᠠᠭᠤ ᠪᠠᠨ ᠭᠡᠵᠦ ᠬᠠᠷᠠᠮᠨᠠᠬᠤ ᠪᠣᠢ⁈ ᠭᠡᠰᠡᠨ ᠳ᠋ᠦ᠍ ᠬᠠᠷ᠎ᠠ ᠨᠢᠳᠦᠲᠦ ᠨᠥᠭᠦᠭᠡ ᠭᠤᠷᠪᠠᠨ ᠬᠦᠯᠦᠭ ᠲᠦ᠍ ᠣᠢᠷᠠᠲᠤᠨ ᠰᠢᠨᠵᠢᠵᠦ ᠦᠵᠡᠭᠡᠳ ᠳᠣᠲᠣᠷ᠎ᠠ ᠪᠠᠨ《ᠡᠨᠡ ᠵᠣᠯᠢᠭ ᠤ᠋ᠨ ᠤᠨᠤᠳᠠᠭ ᠡᠮᠡᠭᠡᠯ ᠲᠡᠢ ᠬᠡᠭᠡᠷ ᠮᠣᠷᠢ ᠯᠠᠪ ᠰᠠᠢᠨ ᠪᠠᠢᠬᠤ ᠶᠠᠳᠠᠬᠤ ᠦᠭᠡᠢ᠃ ᠮᠣᠩᠭᠣᠯ ᠬᠥᠮᠦᠨ ᠬᠡᠵᠢᠶ᠎ᠡ ᠬᠠᠮᠢᠭ᠎ᠠ ᠴᠦ᠍ ᠭᠡᠰᠡᠨ ᠤᠨᠤᠳᠠᠭ ᠮᠣᠷᠢ ᠤᠨᠲᠠᠳᠠᠭ ᠡᠬᠡᠨᠡᠷ ᠬᠣᠶᠠᠷ ᠠ᠋ᠴᠠ ᠪᠠᠨ ᠥᠭᠡᠷ᠎ᠡ ᠶᠠᠭᠤ ᠴᠦ᠍ ᠬᠠᠷᠠᠮᠨᠠᠳᠠᠭ ᠦᠭᠡᠢ ᠶ᠋ᠢ ᠰᠠᠨᠠᠵᠤ᠂ ᠡᠨᠡ ᠡᠮᠡᠭᠡᠯᠲᠡᠢ ᠬᠡᠭᠡᠷ ᠢ᠋ᠶ᠋ᠡᠨ ᠬᠠᠷᠠᠮᠨᠠᠵᠤ ᠨᠠᠳᠠ ᠥᠭᠬᠦ ᠦᠭᠡᠢ ᠭᠡᠵᠦ ᠬᠡᠷᠳᠡᠭᠯᠡᠬᠦ ᠰᠠᠨᠠᠭ᠎ᠠ ᠪᠠᠨ ᠨᠢᠭᠤᠪᠠᠴᠤ ᠬᠡᠯᠡᠬᠦ ᠦᠭᠡᠢ ᠯᠡ ᠳᠡ!》 ᠭᠡᠵᠦ ᠪᠣᠳᠣᠨ᠂   
       — ᠦᠭᠡᠢ᠂ ᠴᠢ ᠬᠡᠯᠡᠭᠡᠴᠢ! ᠠᠯᠢ ᠨᠢ ᠨᠠᠳᠠ ᠲᠣᠬᠢᠷᠠᠮᠵᠢᠲᠠᠢ ᠪᠣᠯ ᠲᠡᠭᠦᠨ ᠢ᠋ ᠪᠡᠨ ᠥᠭ! ᠭᠡᠵᠦ ᠠᠩᠴᠢᠨᠵᠠᠪ ᠢ᠋ ᠳᠠᠩᠰᠠᠨ ᠳᠤᠤᠭᠠᠷᠪᠠ᠃ 
       ᠠᠩᠴᠢᠨᠵᠠᠪ ᠬᠤᠸᠠ ᠮᠣᠷᠢ ᠪᠠᠨ ᠥᠭᠬᠦ ᠰᠠᠨᠠᠭ᠎ᠠ ᠦᠭᠡᠢ᠃ ᠠᠷᠭ᠎ᠠ ᠦᠭᠡᠢ ᠬᠠᠢᠷᠠᠲᠠᠢ ᠶᠤᠮ ᠳᠠ᠃ ᠲᠡᠭᠡᠬᠦ ᠳ᠋ᠦ᠍ ᠬᠠᠷ᠎ᠠ ᠨᠢᠳᠦᠲᠦ ᠶ᠋ᠢᠨ ᠴᠠᠭᠠᠨ᠎ᠠ ᠰᠠᠨᠠᠭ᠎ᠠ ᠶ᠋ᠢ ᠨᠡᠪᠲᠡ ᠬᠠᠷᠠᠭᠰᠠᠨ ᠳ᠋ᠠᠭᠠᠨ ᠵᠣᠷᠢᠭᠤᠳᠠ ᠬᠤᠸᠠ ᠮᠣᠷᠢ ᠪᠠᠨ ᠲᠡᠭᠦᠨ ᠳ᠋ᠦ᠍ ᠲᠦᠯᠬᠢᠵᠦ ᠵᠠᠯᠢᠯᠠᠨ ᠨᠠᠳᠬᠤᠳᠠᠭ ᠬᠡᠭᠡᠷ ᠢ᠋ᠶ᠋ᠡᠨ ᠥᠩᠭᠡᠪᠴᠢᠯᠡᠨ ᠬᠠᠷᠠᠮᠨᠠᠵᠤ ᠡᠮᠡᠭᠡᠯ ᠲᠣᠬᠣᠵᠤ ᠲᠡᠭᠦᠨ ᠦ᠌ ᠨᠢᠳᠦ ᠶ᠋ᠢ ᠬᠠᠭᠤᠷᠤᠭᠰᠠᠨ ᠢ᠋ ᠬᠠᠷ᠎ᠠ ᠨᠢᠳᠦᠲᠦ ᠶᠠᠭᠠᠬᠢᠵᠤ ᠮᠡᠳᠡᠬᠦ ᠪᠣᠢ ᠳᠠ! ᠳᠡᠭᠡᠷᠡᠮᠳᠡᠵᠦ ᠲᠤᠨᠤᠬᠤ ᠳ᠋ᠠᠭᠠᠨ ᠴᠠᠭᠠᠷᠠᠭᠰᠠᠨ ᠴᠦ᠍ ᠬᠦᠯᠦᠭ ᠦ᠋ᠨ ᠰᠠᠢᠨ ᠢ᠋ ᠲᠠᠨᠢᠳᠠᠭ ᠦᠭᠡᠢ ᠶ᠋ᠢ ᠠᠰᠢᠭᠯᠠᠭᠰᠠᠨ ᠠᠩᠴᠢᠨᠵᠠᠪ᠄  
       — ᠨᠢᠭᠡ ᠪᠣᠯ ᠮᠢᠨᠦ ᠳᠡᠭᠦᠦ ᠲᠡᠷᠡ ᠬᠤᠸᠠ ᠮᠣᠷᠢ ᠶ᠋ᠢ ᠨᠢ ᠤᠨᠤ! ᠰᠠᠢᠨ ᠭᠦᠶᠦᠳᠡᠯ ᠲᠡᠢ ᠶᠠᠰᠤᠯᠢᠭ ᠠᠳᠤᠭᠤᠰᠤ ᠶᠤᠮ ᠠ᠋! ᠭᠡᠰᠡᠨ ᠳ᠋ᠦ᠍ ᠬᠠᠷ᠎ᠠ ᠨᠢᠳᠦᠲᠦ ᠠᠩᠴᠢᠨᠵᠠᠪ ᠢ᠋ ᠡᠮᠡᠭᠡᠯᠲᠡᠢ ᠬᠡᠭᠡᠷ ᠮᠣᠷᠢ ᠪᠠᠨ ᠬᠠᠷᠠᠮᠨᠠᠵᠤ ᠬᠤᠸᠠ ᠮᠣᠷᠢ ᠪᠠᠨ ᠲᠦᠯᠬᠢᠵᠦ ᠪᠣᠢ ᠭᠡᠮᠡᠨ ᠰᠡᠵᠢᠭᠯᠡᠵᠦ᠄  
       — ᠬᠤᠸᠠ ᠮᠣᠷᠢ ᠪᠠᠨ ᠰᠠᠢᠨ ᠭᠡᠵᠦ ᠲᠠ ᠥᠪᠡᠷ ᠢ᠋ᠶ᠋ᠡᠨ ᠤᠨᠤᠭᠠᠷᠠᠢ! ᠨᠠᠳᠠ ᠲᠡᠷᠡ ᠡᠮᠡᠭᠡᠯ ᠲᠡᠢ ᠬᠡᠭᠡᠷ ᠢ᠋ᠶ᠋ᠡᠨ ᠥᠭᠭᠦᠭᠡᠴᠢ ᠳᠡ! ᠪᠢ ᠲᠠᠨ ᠤ᠋ ᠰᠠᠢᠨ ᠬᠦᠯᠦᠭ ᠢ᠋ ᠪᠠᠭᠤᠯᠭᠠᠴᠢᠬᠠᠭᠠᠳ ᠶᠠᠭᠠᠬᠢᠬᠤ ᠪᠣᠢ! ᠭᠡᠵᠦ ᠬᠡᠯᠡᠴᠢᠬᠡᠭᠡᠳ《ᠣᠳᠣ ᠴᠢᠨᠦ ᠶᠠᠭᠠᠬᠢᠬᠤ ᠶ᠋ᠢ ᠴᠢᠨᠢ ᠦᠵᠡᠶ᠎ᠡ》 ᠭᠡᠰᠡᠨ ᠰᠢᠭ ᠪᠠᠢᠯ᠎ᠠ᠃   
       ᠠᠩᠴᠢᠨᠵᠠᠪ ᠵᠣᠷᠢᠭᠤᠳᠠ ᠳᠠᠭᠤ ᠦᠭᠡᠢ ᠬᠡᠰᠡᠭ ᠪᠣᠯᠤᠭᠰᠠᠨ ᠢ᠋ᠶ᠋ᠠᠨ《ᠵᠠ ᠶᠠᠭᠠᠬᠢᠬᠤ ᠪᠣᠢ᠂ ᠬᠠᠷ᠎ᠠ ᠨᠢᠳᠦᠲᠦ ᠳ᠋ᠦ᠍ ᠪᠢ᠁ ᠨᠠᠳᠠ ᠬᠠᠷᠠᠮᠨᠠᠬᠤ ᠶᠠᠭᠤᠮ᠎ᠠ ᠪᠠᠢᠬᠤ ᠦᠭᠡᠢ》 ᠭᠡᠵᠦ ᠰᠢᠳᠮᠡᠭ ᠬᠡᠯᠡᠵᠦ ᠨᠠᠳᠬᠤᠳᠠᠭ ᠬᠡᠭᠡᠷ ᠦ᠋ᠨ ᠡᠮᠡᠭᠡᠯ ᠢ᠋ ᠬᠠᠭᠤᠯᠵᠤ ᠬᠤᠸᠠ ᠮᠣᠷᠢᠨ ᠳ᠋ᠠᠭᠠᠨ ᠲᠣᠬᠣᠪᠠ᠃  
       — ᠵᠠ᠂ ᠣᠳᠣ ᠠᠬ᠎ᠠ ᠨᠢ ᠶᠠᠪᠤᠶ᠎ᠠ! ᠭᠡᠪᠡᠯ ᠬᠠᠷ᠎ᠠ ᠨᠢᠳᠦᠲᠦ᠄  
       — ᠬᠠᠷᠠᠩᠭᠤᠢ ᠰᠥᠨᠢ ᠬᠡᠷᠰᠡᠦᠬᠡᠨ ᠶᠠᠪᠤᠭᠠᠷᠠᠢ! ᠬᠡᠳᠦᠨ ᠡᠳᠦᠷ ᠡᠴᠡ ᠪᠤᠭᠤᠲᠤ ᠳ᠋ᠤ᠌ ᠮᠠᠭᠠᠵᠢ ᠶ᠋ᠢᠨ ᠴᠣᠬᠣᠷ ᠤ᠋ᠨ ᠳ᠋ᠤ᠌ ᠠᠭᠤᠯᠵᠠᠶ᠎ᠠ! ᠡᠬᠡ ᠶ᠋ᠢᠨ ᠬᠢᠨᠢ ᠣᠩᠬᠣᠷ᠁ ᠭᠡᠳ ᠠᠩᠴᠢᠨᠵᠠᠪ ᠤ᠋ᠨ ᠮᠥᠷᠥ ᠶ᠋ᠢ ᠬᠦᠴᠦᠲᠡᠢ ᠳᠠᠪᠰᠢᠭᠰᠠᠨ ᠨᠢ ᠲᠡᠭᠦᠨ ᠢ᠋《ᠬᠤᠷᠳᠤᠨ ᠲᠣᠨᠢᠯ!》 ᠭᠡᠵᠦ ᠬᠥᠭᠡᠭᠡᠬᠦ ᠰᠢᠭ ᠰᠠᠨᠠᠭᠳᠠᠪᠠ᠃ 
       ᠠᠩᠴᠢᠨᠵᠠᠪ ᠡᠳᠡᠨᠥᠰ ᠡᠴᠡ ᠬᠤᠷᠳᠤᠨ ᠰᠢᠭ᠋ ᠰᠠᠯᠤᠶ᠎ᠠ! ᠭᠡᠮᠡᠨ ᠴᠠᠭᠠᠰᠢ ᠬᠡᠳᠦ ᠠᠯᠬᠤᠵᠤ ᠮᠣᠷᠢᠨ ᠤ᠋ ᠪᠠᠨ ᠣᠯᠣᠩ ᠢ᠋ ᠵᠠᠰᠠᠩᠭᠠᠨ《ᠬᠠᠷ᠎ᠠ ᠨᠢᠳᠦᠲᠦ ᠰᠠᠨᠠᠭ᠎ᠠ ᠮᠠᠭᠤᠲᠠᠢ ᠠᠮᠢᠲᠠᠨ᠂ ᠠᠰᠢᠭ ᠤ᠋ᠨ ᠲᠥᠯᠥᠭᠡ ᠠᠮᠢ ᠪᠠᠨ ᠴᠦᠯᠡᠵᠦ ᠣᠷᠣᠳᠠᠭ ᠲᠡᠨᠡᠭ ᠦ᠋ᠨ ᠨᠢᠭᠡ ᠰᠢᠦ! ᠨᠢᠭᠤᠷ ᠥᠭᠪᠡᠯ ᠬᠠᠮᠠᠷ ᠠᠪᠳᠠᠭ ᠦᠭᠡᠢ ᠵᠣᠯᠢᠭ!》 ᠭᠡᠵᠦ ᠮᠠᠨᠴᠤᠷᠭ᠎ᠠ ᠶ᠋ᠢᠨ ᠬᠡᠯᠡᠭᠰᠡᠨ ᠢ᠋ ᠭᠡᠨᠡᠳᠲᠡ ᠰᠠᠨᠠᠵᠤ ᠬᠤᠸᠠ ᠮᠣᠷᠢᠨ ᠳ᠋ᠠᠭᠠᠨ ᠮᠣᠷᠳᠠᠲᠠᠯ᠎ᠠ ᠴᠠᠭᠠᠨ᠎ᠠ ᠠ᠋ᠴᠠ ᠨᠢ᠄ 
       — ᠪᠠᠢᠵᠠ᠂ ᠲᠠ ᠥᠨᠥ ᠰᠥᠨᠢ ᠳ᠋ᠡᠭᠡᠨ ᠪᠤᠭᠤᠲᠤ ᠣᠷᠣᠨ᠎ᠠ ᠤᠤ? ᠭᠡᠯ᠎ᠡ᠃ 
       — ᠲᠡᠭᠡᠨ᠎ᠡ ᠠ᠋! 
       — ᠮᠠᠨᠴᠤᠷᠭ᠎ᠠ ᠡᠨᠡ ᠬᠡᠳᠦᠨ ᠡᠳᠦᠷ ᠪᠤᠭᠤᠲᠤ ᠳ᠋ᠤ᠌ ᠪᠠᠢᠬᠤ ᠦᠭᠡᠢ ᠳᠡ! 
       — ᠬᠠᠮᠢᠭ᠎ᠠ ᠶᠠᠪᠤᠪᠠ?  
       — ᠠ᠂ ᠮᠡᠳᠡᠬᠦ ᠦᠭᠡᠢ᠃ ᠬᠣᠯᠠ ᠶᠠᠪᠤᠭᠰᠠᠨ ᠰᠤᠷᠠᠭ ᠲᠠᠢ ᠳᠠ! 
       — ᠁  
       — ᠦᠭᠡᠢ ᠲᠠ ᠨᠥᠭᠦᠭᠡ ᠬᠥᠲᠥᠯᠦᠭᠡ ᠮᠣᠷᠢ ᠪᠠᠨ ᠮᠠᠨᠴᠤᠷᠭ᠎ᠠ ᠳ᠋ᠤ᠌ ᠥᠭᠭᠦᠨ᠎ᠡ ᠭᠡᠰᠡᠨ ᠪᠢᠰᠢ ᠤᠤ? 
       — ᠲᠡᠭᠡᠶ᠎ᠡ!  
       — ᠮᠠᠨᠴᠤᠷᠭ᠎ᠠ ᠪᠠᠢᠬᠤ ᠦᠭᠡᠢ ᠶᠦᠮ ᠴᠢᠨᠢ᠂ ᠲᠠ ᠮᠣᠷᠢ ᠪᠠᠨ ᠬᠡᠨ ᠳ᠋ᠦ᠍ ᠬᠠᠶᠠᠬᠤ ᠪᠣᠢ? ᠨᠠᠳᠠ ᠦᠯᠡᠳᠡᠭᠡᠴᠢᠬᠡ᠂ ᠪᠢ ᠡᠨᠡ ᠬᠡᠭᠡᠷ ᠲᠡᠢ ᠴᠢᠨᠢ ᠬᠠᠨᠢᠰᠠᠭᠤᠯᠵᠤ ᠪᠠᠢᠭᠠᠳ ᠮᠠᠨᠴᠤᠷᠭ᠎ᠠ ᠶ᠋ᠢ ᠢᠷᠡᠬᠦ ᠳ᠋ᠦ᠍ ᠥᠭᠭᠦᠶ᠎ᠡ᠃  
       ᠠᠩᠴᠢᠨᠵᠠᠪ ᠠᠷᠭ᠎ᠠ ᠪᠤᠶᠤ ᠬᠥᠲᠥᠯᠦᠭᠡ ᠨᠠᠷᠢᠨ ᠬᠡᠭᠡᠷ ᠢ᠋ᠶ᠋ᠡᠨ ᠲᠡᠳᠡᠨ ᠳ᠋ᠦ᠍ ᠣᠷᠬᠢᠵᠤ ᠬᠠᠶᠠᠭᠠᠳ ᠱᠠᠯᠠᠪᠬᠠᠨ ᠲᠡᠨᠳᠡ ᠡᠴᠡ ᠵᠠᠢᠯᠠᠵᠤ ᠶᠠᠪᠤᠪᠠ᠃ 
       — ᠠᠬ᠎ᠠ ᠠ᠋! ᠲᠠ᠁ ᠲᠠ᠁ ᠶᠠᠭᠤ ᠭᠡᠵᠦ ᠲᠡᠭᠦᠨ ᠢ᠋ ᠲᠠᠯᠪᠢᠵᠤ ᠶᠠᠪᠤᠭᠤᠯᠤᠨ᠎ᠠ ᠪᠣᠢ? ᠴᠠᠭᠠᠳᠤᠬᠢ ᠴᠢᠨᠢ ᠮᠠᠨᠴᠤᠷᠭ᠎ᠠ ᠶ᠋ᠢᠨ ᠤᠴᠢᠷ ᠢ᠋ ᠰᠣᠨᠣᠰᠤᠭᠰᠠᠭᠠᠷ ᠶᠠᠭᠤᠮ᠎ᠠ ᠪᠢᠰᠢᠳᠡᠵᠦ ᠮᠡᠳᠡᠨ᠎ᠡ ᠰᠢᠦ! ᠭᠡᠵᠦ ᠬᠠᠵᠠᠭᠤ ᠠ᠋ᠴᠠ ᠨᠢᠭᠡ ᠨᠢ ᠬᠡᠯᠡᠭᠰᠡᠨ ᠳ᠋ᠦ᠍ ᠬᠠᠷ᠎ᠠ ᠨᠢᠳᠦᠲᠦ᠄ 
       — ᠪᠥᠭᠰᠡ ᠪᠡᠨ ᠬᠠᠪᠴᠢᠭᠠᠳ ᠬᠤᠷᠳᠤᠨ ᠠᠷᠤ ᠠ᠋ᠴᠠ ᠨᠢ ᠨᠡᠬᠡᠬᠦ ᠦᠭᠡᠢ ᠤᠤ⁈ ᠡᠬᠡ ᠶ᠋ᠢᠨ ᠬᠢᠨᠢ ᠤᠩᠬᠤᠷ ᠭᠡᠵᠦ ᠬᠠᠷᠢᠶᠠᠯ ᠲᠠᠯᠪᠢᠪᠠ᠃  
       ᠠᠩᠴᠢᠨᠵᠠᠪ ᠠᠵᠢᠭ ᠮᠡᠳᠡᠭᠰᠡᠨ ᠢ᠋ᠶ᠋ᠡᠨ ᠬᠠᠷ᠎ᠠ ᠬᠠᠳᠠᠨ ᠬᠣᠰᠢᠭᠤ ᠶ᠋ᠢ ᠳᠤᠭᠤᠢᠯᠠᠵᠤ ᠭᠠᠷᠤᠮᠠᠭᠴᠠ ᠭᠥᠯᠢᠮ ᠢ᠋ᠶ᠋ᠡᠨ ᠳᠠᠪᠢᠷᠠᠪᠠᠯ ᠬᠤᠸᠠ ᠮᠣᠷᠢ ᠡᠵᠡᠨ ᠦ᠌ ᠪᠡᠨ ᠰᠠᠨᠠᠭ᠎ᠠ ᠶ᠋ᠢ ᠮᠡᠳᠡᠭᠰᠡᠨ ᠰᠢᠭ ᠤᠬᠤᠰᠬᠢᠨ ᠳᠠᠪᠬᠢᠵᠤ ᠪᠢᠵᠢᠭᠡᠨᠡᠨ ᠠᠯᠠᠭ᠎ᠠ ᠪᠣᠯᠪᠠ᠃  
       ᠲᠡᠭᠦᠨ ᠦ᠌ ᠠᠷᠤ ᠳ᠋ᠤ᠌ ᠫᠤᠤ ᠳᠤᠤᠭᠠᠷᠴᠤ ᠬᠡᠢ ᠨᠢᠰᠦᠭᠰᠡᠨ ᠰᠤᠮᠤ ᠢᠰᠬᠡᠷᠦᠨ ᠱᠤᠤᠬᠢᠨᠠᠨ᠎ᠠ᠃  


                ᠦᠰᠦᠭ ᠠᠮᠢᠯᠠᠭᠤᠯᠤᠭᠰᠠᠨ ᠨᠢ᠄ ᠳᠠᠪᠰᠢᠯᠲᠦ