ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠨᠠᠢ᠍ᠮᠠ Үүрийн туяа II – Б ᠂ Ренчин Хоёрдугаар дэвтэр "Гал усны гашуун зовлон"-8
ᠨᠠᠢ᠍ᠮᠠ᠂ ᠤᠯᠢᠶᠠᠰᠤᠲᠠᠢ ᠶᠢ ᠳᠠᠢᠯᠠᠷ᠎ᠠ ᠮᠣᠷᠳᠠᠪᠠ
На Умань идучи᠄
—Будм драти пане—брате
Зкитайки онуч*
Т·шевченко*
ᠤᠯᠢᠶᠠᠰᠤᠲᠠᠢ ᠶ᠋ᠢ ᠳᠠᠢᠯᠠᠬᠤ ᠭᠡᠵᠦ ᠮᠣᠷᠳᠠᠭᠰᠠᠨ ᠨᠢᠭᠡᠨ ᠰᠤᠮᠤᠨ ᠴᠡᠷᠢᠭ᠂ ᠣᠷᠣᠢ ᠬᠠᠷᠠᠩᠭᠤᠢ ᠪᠣᠯᠤᠭᠰᠠᠨ ᠬᠣᠢᠨ᠎ᠠ ᠲᠦᠢ ᠶ᠋ᠢᠨ ᠭᠣᠣᠯ ᠬᠦᠷᠴᠦ ᠬᠣᠨᠣᠭ ᠲᠠᠭᠠᠷᠠᠪᠠ᠃ ᠮᠠᠢᠬᠠᠨ ᠢ᠋ ᠶᠠᠭᠠᠷᠠᠨ ᠪᠣᠰᠬᠠᠵᠤ ᠠᠪᠤᠭᠠᠳ᠂ ᠴᠠᠢ ᠬᠣᠭᠣᠯᠠ ᠬᠢᠵᠦ ᠡᠬᠢᠯᠡᠪᠡ᠃ ᠤᠷᠢᠳᠠ (ᠤᠷᠢᠳ)ᠰᠥᠨᠢ ᠮᠣᠷᠢ ᠮᠠᠨᠠᠵᠤ ᠬᠣᠨᠣᠭᠰᠠᠨ ᠰᠢᠷᠴᠢᠨ᠂ ᠪᠢᠴᠢᠬᠠᠨ ᠵᠣᠳᠬᠠᠷ ᠲᠤ᠌ ᠭᠠᠯ ᠲᠦᠯᠡᠬᠦ ᠳ᠋ᠦ᠍ ᠳᠤᠯᠠᠭᠠᠴᠠᠭᠠᠳ ᠨᠣᠢᠷ ᠬᠦᠷᠴᠦ᠂ ᠬᠣᠭᠣᠯᠠ ᠢᠳᠡᠮᠡᠭᠴᠡ ᠪᠡᠬᠢ ᠭᠡᠭᠴᠢ ᠪᠡᠷ ᠤᠨᠲᠠᠭᠠᠳ ᠦᠭᠴᠡᠢ᠃ ᠰᠢᠯᠢᠨ ᠬᠦᠵᠦᠭᠦᠨ ᠳ᠋ᠦ᠍ᠨᠢ ᠬᠦᠢᠲᠡᠨ ᠴᠠᠰᠤ ᠣᠷᠣᠵᠤ ᠨᠢᠴᠦᠭᠦᠨ ᠬᠡᠩᠬᠦᠳᠡᠭ ᠢ᠋ ᠬᠦᠢᠲᠡᠨ ᠰᠠᠯᠬᠢ ᠬᠠᠢᠷᠠᠬᠤ ᠳ᠋ᠤ᠌ ᠰᠡᠷᠢᠵᠦ ᠨᠢᠳᠦ ᠨᠡᠭᠡᠭᠡᠪᠡᠯ᠂ ᠣᠳᠣᠨ ᠭᠢᠯᠠᠯᠵᠠᠨ ᠦᠵᠡᠭᠳᠡᠪᠡ᠃ ᠵᠣᠳᠬᠠᠷ ᠠᠯᠠᠭ᠎ᠠ ᠪᠣᠯᠵᠤ᠂ ᠦᠷ ᠦ᠋ᠨ ᠪᠦᠷᠦᠩᠬᠦᠢ ᠪᠡᠷ ᠨᠢᠭᠡ ᠬᠥᠮᠦᠨ ᠵᠣᠳᠬᠠᠷ ᠢ᠋ ᠡᠪᠬᠡᠵᠦ ᠪᠠᠢᠭ᠎ᠠ ᠶᠤᠮ ᠰᠢᠭ᠋᠂ ᠲᠡᠷᠡ ᠬᠥᠮᠦᠨ ᠦ᠌ ᠴᠠᠭᠠᠨ᠎ᠠ᠂ ᠤᠷᠢᠳ ᠦᠳᠡᠰᠢ ᠦᠵᠡᠭᠳᠡᠭᠡ ᠦᠭᠡᠢ ᠲᠣᠮᠣ ᠮᠠᠢᠬᠠᠨ ᠰᠦᠨᠳᠡᠷᠯᠡᠵᠦ᠂ ᠬᠡᠲᠡ ᠬᠠᠪᠢᠷᠬᠤ ᠴᠢᠮᠡᠭᠡ ᠰᠣᠨᠣᠰᠳᠠᠨ᠂ ᠮᠠᠢᠬᠠᠨ ᠤ᠋ ᠠᠷᠤ ᠳ᠋ᠤ᠌ ᠬᠥᠮᠦᠨ ᠲᠦᠯᠡᠭᠡ ᠬᠠᠭᠠᠯᠬᠤ ᠰᠢᠭ᠋ ᠮᠣᠳᠣ ᠳᠡᠰ ᠳᠡᠰ ᠴᠠᠪᠴᠢᠵᠤ ᠪᠠᠢᠭ᠎ᠠ ᠪᠣᠯᠤᠯᠲᠠᠢ᠃
ᠬᠦᠢᠲᠡᠨ ᠳ᠋ᠦ᠍ ᠲᠠᠭᠠᠷᠠᠵᠤ ᠠᠲᠤᠷᠢᠭᠠᠳ᠂ ᠵᠣᠳᠬᠠᠷ ᠪᠠᠭᠤᠯᠭᠠᠬᠤ ᠳ᠋ᠤ᠌ ᠴᠢᠷᠦᠭᠳᠡᠭᠰᠡᠨ ᠳᠡᠪᠡᠯ ᠢ᠋ᠶ᠋ᠡᠨ ᠨᠥᠮᠥᠷᠲᠡᠯᠡ᠂ ᠵᠣᠳᠬᠠᠷ ᠢ᠋ ᠡᠪᠬᠡᠵᠦ ᠪᠠᠢᠭᠰᠠᠨ ᠡᠪᠦᠭᠡᠨ ᠦ᠌᠂
— ᠴᠢ ᠶᠠᠭᠠᠬᠢᠭᠰᠠᠨ ᠪᠡᠬᠢ ᠤᠨᠲᠠᠳᠠᠭ ᠶᠤᠮ ᠪᠣᠢ? ᠲᠡᠷᠡ ᠲᠣᠮᠣ ᠮᠠᠢᠬᠠᠨ ᠳ᠋ᠤ᠌ ᠣᠴᠢᠵᠤ ᠣᠷᠣ ᠭᠡᠵᠦ ᠰᠢᠪᠡᠨᠡᠬᠦ ᠶ᠋ᠢ ᠰᠣᠨᠣᠰᠤᠨ᠂ ᠥᠨᠳᠡᠢᠵᠦ ᠪᠣᠰᠤᠭᠠᠳ ᠮᠠᠢᠬᠠᠨ ᠳ᠋ᠤ᠌ ᠣᠷᠣᠪᠠᠯ᠂ ᠮᠠᠢᠬᠠᠨ ᠳ᠋ᠤ᠌ ᠬᠡᠳᠦᠢᠨ ᠭᠠᠯ ᠠᠰᠠᠭᠠᠵᠤ᠂ ᠴᠠᠰᠤ ᠳᠦᠭᠦᠷᠭᠡᠭᠰᠡᠨ ᠲᠣᠭᠣᠭᠠᠨ ᠤ᠋ ᠢᠷᠣᠭᠠᠷ ᠢ᠋ ᠭᠠᠯ ᠤ᠋ᠨ ᠳᠥᠯᠥ ᠳᠣᠯᠢᠶᠠᠵᠤ ᠪᠠᠢᠪᠠ᠃ ᠰᠢᠨ᠎ᠡ ᠢᠰᠡᠭᠡᠢ ᠳᠡᠪᠢᠰᠬᠡᠷ ᠳᠡᠭᠡᠷ᠎ᠡ ᠴᠦ᠍ ᠰᠢᠨ᠎ᠡ ᠫᠢᠭ ᠳᠦᠭᠦᠷᠡᠩ ᠪᠤᠯᠢᠭᠠᠷᠢ ᠪᠣᠭᠴᠣ ᠬᠡᠪᠲᠡᠵᠦ᠂ ᠨᠢᠭᠡ ᠴᠡᠷᠢᠭ ᠭᠠᠳᠠᠨ᠎ᠠ ᠠ᠋ᠴᠠ ᠣᠷᠣᠵᠤ ᠢᠷᠡᠭᠡᠳ᠂ ᠬᠣᠷᠮᠣᠢᠯᠠᠭᠰᠠᠨ ᠲᠦᠯᠡᠭᠡ ᠶ᠋ᠢ ᠭᠠᠯ ᠤ᠋ᠨ ᠳᠡᠷᠭᠡᠳᠡ ᠠᠰᠬᠠᠮᠠᠭᠴᠠ᠂ ᠦᠵᠡᠪᠡᠯ ᠵᠣᠳᠬᠠᠷ ᠤ᠋ᠨ ᠪᠠᠭᠠᠨ᠎ᠠ ᠶ᠋ᠢ ᠲᠠᠰᠤ ᠴᠠᠪᠴᠢᠭᠰᠠᠨ ᠪᠠᠢᠵᠠᠢ᠃
— ᠴᠢ ᠶᠠᠭᠠᠬᠢᠬᠤ ᠭᠡᠵᠦ ᠵᠣᠳᠬᠠᠷ ᠤ᠋ᠨ ᠪᠠᠭᠠᠨ᠎ᠠ ᠲᠠᠰᠤ ᠴᠠᠪᠴᠢᠪᠠ ᠠ? ᠬᠣᠵᠢᠮ ᠶᠠᠭᠠᠬᠢᠵᠤ ᠪᠢᠳᠡ ᠵᠣᠳᠬᠠᠷ ᠢ᠋ᠶ᠋ᠠᠨ ᠪᠠᠷᠢᠳᠠᠭ ᠶᠤᠮ ᠪᠢᠯᠡ? ᠭᠡᠬᠦ ᠳ᠋ᠦ᠍ᠨᠢ ᠲᠡᠷᠡ ᠴᠡᠷᠢᠭ᠂ ᠰᠢᠷᠴᠢᠨ ᠦ᠌ ᠵᠦᠭ ᠨᠢᠳᠦ ᠠᠨᠢᠰᠭᠢᠨ ᠢᠨᠢᠶᠡᠵᠦ᠂
— ᠣᠳᠣ ᠪᠢᠳᠡ ᠡᠢᠮᠦ ᠰᠠᠢᠬᠠᠨ ᠮᠠᠢᠬᠠᠨ ᠲᠠᠢ ᠪᠣᠯᠤᠭᠰᠠᠨ᠃ ᠴᠢᠮᠠᠶ᠋ᠢ ᠤᠨᠲᠠᠵᠤ ᠪᠠᠢᠬᠤ ᠵᠠᠪᠰᠠᠷ᠂ ᠪᠢᠳᠡ ᠴᠢᠨᠢ ᠪᠠᠬᠠᠨ ᠬᠥᠯᠵᠢᠭᠡᠳ ᠠᠪᠤᠭᠰᠠᠨ ᠰᠢᠦ ᠭᠡᠵᠦ ᠬᠡᠯᠡᠪᠡ᠃
— ᠬᠡᠪᠲᠡᠭᠰᠡᠨ ᠬᠥᠮᠦᠨ ᠬᠡᠪᠡᠯᠢ ᠠᠯᠳᠠᠳᠠᠭ᠂ ᠶᠠᠪᠤᠭᠰᠠᠨ ᠬᠥᠮᠦᠨ ᠶᠠᠰᠤ ᠵᠠᠭᠤᠳᠠᠭ ᠭᠡᠳᠡᠭ᠃ ᠪᠢᠳᠡ ᠡᠨᠡᠳᠬᠡᠨ ᠳ᠋ᠦ᠍ ᠣᠢᠷᠠᠬᠠᠨ ᠬᠣᠶᠠᠷ ᠬᠢᠲᠠᠳ ᠫᠦᠰᠡ《ᠢᠳᠡᠴᠢᠬᠡᠯ᠎ᠡ》 ᠴᠢᠮᠠᠶ᠋ᠢ ᠤᠨᠲᠠᠵᠤ ᠪᠠᠢᠬᠤ ᠬᠣᠭᠣᠷᠣᠨᠳᠣ᠂ ᠲᠡᠭᠡᠭᠡᠳ ᠠᠷ ᠰᠡᠷ ᠶᠠᠭᠤᠮ᠎ᠠ ᠲᠠᠢ ᠪᠣᠯᠵᠤ ᠠᠪᠤᠯ᠎ᠠ᠃ ᠴᠢᠮᠠᠶ᠋ᠢ ᠰᠡᠷᠢᠭᠡᠵᠦ ᠶᠠᠳᠠᠭᠰᠠᠨ ᠰᠢᠦ᠃ ᠪᠢ ᠡᠢᠮᠦ ᠰᠠᠢᠬᠠᠨ ᠪᠣᠭᠴᠣ ᠲᠠᠢ ᠪᠣᠯᠵᠤ ᠠᠪᠤᠭᠰᠠᠨ ᠭᠡᠵᠦ ᠡᠪᠦᠭᠡᠨ᠂ ᠮᠠᠢᠬᠠᠨ ᠳᠣᠲᠣᠷ᠎ᠠ ᠣᠷᠣᠭᠠᠳ ᠭᠠᠯ ᠤ᠋ᠨ ᠭᠡᠷᠡᠯ ᠳ᠋ᠦ᠍ ᠭᠢᠯᠠᠯᠵᠠᠭᠰᠠᠨ ᠰᠢᠨ᠎ᠡ ᠪᠤᠯᠢᠭᠠᠷᠢ ᠪᠣᠭᠴᠣ ᠶ᠋ᠢᠨ ᠳᠡᠷᠭᠡᠳᠡ ᠰᠠᠭᠤᠪᠠ᠃
ᠰᠢᠷᠴᠢᠨ᠂ ᠡᠪᠦᠭᠡᠨ ᠦ᠌ ᠲᠡᠷᠡ ᠦᠭᠡ ᠶ᠋ᠢ ᠰᠣᠨᠣᠰᠤᠭᠠᠳ ᠭᠠᠢᠬᠠᠪᠠ᠃ ᠳᠠᠢᠰᠤᠨ ᠤ᠋ ᠪᠦᠭᠭᠦᠭᠰᠡᠨ ᠤᠯᠢᠶᠠᠰᠤᠲᠠᠢ ᠶ᠋ᠢᠨ ᠴᠠᠢᠵᠠ ᠶ᠋ᠢ ᠪᠠᠢᠯᠳᠤᠬᠤ ᠭᠡᠵᠦ ᠶᠠᠪᠤᠭ᠎ᠠ ᠴᠡᠷᠢᠭ ᠦ᠋ᠨ ᠬᠥᠮᠦᠨ᠂ ᠵᠠᠮ ᠳ᠋ᠠᠭᠠᠨ ᠡᠩ ᠦ᠋ᠨ ᠨᠣᠮᠣᠬᠠᠨ ᠮᠠᠢᠮᠠᠢᠴᠢᠨ ᠨᠣᠭᠣᠭᠠᠴᠢᠨ ᠬᠢᠲᠠᠳ ᠢ᠋《ᠢᠳᠡᠴᠢᠬᠡᠳᠡᠭ》 ᠶᠦᠮ ᠭᠡᠳᠡᠭ ᠢ᠋ ᠰᠣᠨᠣᠰᠤᠭᠠᠳ ᠶᠡᠬᠡᠯ᠎ᠡ(ᠶᠡᠬᠡ ᠯᠡ) ᠬᠠᠴᠢᠨ ᠰᠠᠨᠠᠭᠳᠠᠵᠤ᠂ ᠡᠪᠦᠭᠡᠨ ᠦ᠌ ᠥᠭᠡᠳᠡ ᠡᠴᠡ ᠲᠤᠩ ᠭᠠᠢᠬᠠᠭᠰᠠᠨ ᠪᠠᠢᠳᠠᠯ ᠲᠠᠢ ᠪᠦᠯᠲᠡᠢᠨ ᠬᠠᠷᠠᠬᠤ ᠳ᠋ᠤ᠌᠂ ᠡᠪᠦᠭᠡᠨ ᠰᠤᠷᠭᠠᠨ ᠥᠭᠦᠯᠡᠷᠦᠨ᠂
— ᠬᠢᠲᠠᠳ ᠢ᠋ ᠳᠡᠭᠡᠷᠡᠮᠳᠡᠬᠦ ᠬᠠᠮᠢᠶ᠎ᠠ ᠶᠠᠭᠤ? ᠲᠡᠳᠡᠨ ᠦ᠌ ᠶᠠᠭᠤᠮ᠎ᠠ ᠭᠡᠳᠡᠭ ᠴᠢᠨᠢ ᠮᠠᠨ ᠢ᠋ ᠯᠡ ᠮᠥᠯᠵᠢᠵᠦ ᠬᠥᠯᠵᠢᠭᠰᠡᠨ ᠶᠦᠮ ᠰᠢᠦ ᠳᠡ᠃ ᠬᠠᠷᠢᠨ ᠮᠣᠩᠭᠣᠯ ᠳ᠋ᠠᠭᠠᠨ ᠬᠦᠷᠴᠦ ᠪᠣᠯᠬᠤ ᠦᠭᠡᠢ ᠰᠢᠦ ᠭᠡᠪᠡ᠃
ᠡᠳᠦᠷ ᠦᠳᠡᠯᠡᠬᠦ ᠦᠶ᠎ᠡ ᠪᠡᠷ ᠰᠢᠷᠴᠢᠨ ᠦ᠌ ᠳᠡᠷᠭᠡᠳᠡ ᠵᠡᠷᠭᠡᠯᠡᠳᠡᠭᠡ ᠮᠠᠢᠬᠠᠨ ᠤ᠋ ᠨᠢᠭᠡ ᠴᠡᠷᠢᠭ ᠬᠦᠷᠴᠦ ᠢᠷᠡᠭᠡᠳ ᠰᠠᠮ ᠰᠢᠪᠡᠨᠡᠨ᠂
— ᠡᠨᠡᠦᠬᠡᠨ ᠳ᠋ᠦ᠍ ᠯᠠᠮᠠ ᠶ᠋ᠢᠨ ᠭᠡᠭᠡᠬᠡᠨ (ᠭᠡᠭᠡᠨ) ᠦ᠌ ᠬᠡᠢᠳ ᠲᠦ᠍ ᠪᠠᠶᠠᠨ ᠬᠢᠲᠠᠳ ᠪᠠᠢᠳᠠᠭ ᠭᠡᠨ᠎ᠡ᠃ ᠲᠡᠳᠡᠨ ᠢ᠋ ᠢᠳᠡᠶ᠎ᠡ᠃ ᠤᠷᠢᠳᠠ (ᠤᠷᠢᠳ)ᠰᠥᠨᠢ ᠣᠯᠵᠠᠨ ᠳ᠋ᠤ᠌ ᠶᠠᠪᠤᠭ᠎ᠠ ᠦᠭᠡᠢ᠃ ᠮᠠᠨᠠᠢ(ᠮᠠᠨ ᠤ᠋) ᠭᠤᠷᠪᠠᠨ ᠠᠷᠪᠠᠨ ᠤ᠋ ᠬᠡᠳᠦᠨ ᠬᠥᠮᠦᠨ ᠶᠠᠪᠤᠬᠤ ᠶᠤᠮ ᠭᠡᠨ᠎ᠡ᠃ ᠴᠢ ᠡᠨᠳᠡ ᠡᠴᠡ ᠴᠡᠷᠢᠭ ᠬᠥᠳᠡᠯᠬᠦ ᠳ᠋ᠦ᠍᠂ ᠬᠥᠲᠥᠯᠭᠡᠭᠡ ᠮᠣᠷᠢ ᠲᠠᠢ ᠪᠠᠨ ᠬᠠᠮᠤᠭ ᠤ᠋ᠨ ᠪᠥᠭᠰᠡᠨ ᠳ᠋ᠦ᠍ ᠵᠢᠭᠰᠠᠭᠠᠷᠠᠢ ᠭᠡᠵᠦ ᠵᠠᠬᠢᠪᠠ᠃
ᠦᠳᠡᠯᠡᠭᠡᠳ ᠴᠡᠷᠢᠭ ᠢ᠋ ᠴᠢᠨᠠᠭᠰᠢ ᠮᠣᠷᠳᠠᠬᠤ ᠳ᠋ᠤ᠌᠂ ᠴᠡᠷᠢᠭ ᠦ᠋ᠨ ᠲᠦᠷᠦᠭᠦᠴᠢ ᠨᠢ ᠨᠢᠭᠡ ᠬᠣᠰᠢᠭᠤ ᠲᠣᠭᠣᠷᠢᠵᠤ ᠶᠠᠪᠤᠬᠤ ᠳ᠋ᠤ᠌᠂ ᠲᠠᠰᠢᠭᠤᠷ ᠵᠡᠪᠰᠡᠭ ᠲᠡᠢ ᠲᠡᠷᠡ ᠴᠡᠷᠢᠭ ᠦ᠋ᠨ ᠰᠡᠭᠦᠯ ᠡᠴᠡ ᠱᠠᠮᠪᠠ ᠪᠥᠬᠡ ᠳᠠᠷᠤᠭ᠎ᠠ ᠲᠠᠢ ᠭᠤᠴᠢᠭᠠᠳ ᠴᠡᠷᠢᠭ᠂ ᠨᠢᠭᠡ ᠨᠢᠭᠡ ᠬᠥᠲᠥᠯᠭᠡ(ᠬᠥᠲᠥᠯᠭᠡᠭᠡ) ᠮᠣᠷᠢ ᠲᠠᠢ ᠲᠠᠰᠤᠷᠠᠵᠤ᠂ ᠯᠠᠮᠠ ᠶ᠋ᠢᠨ ᠭᠡᠭᠡᠬᠡᠨ(ᠭᠡᠭᠡᠨ) ᠦ᠌ ᠵᠦᠭ ᠴᠢᠭᠯᠡᠭᠡᠳ᠂ ᠰᠥᠨᠢ ᠣᠷᠣᠢ ᠪᠣᠯᠭᠠᠵᠤ ᠬᠢᠲᠠᠳ ᠮᠠᠢᠮᠠᠢ ᠨᠠᠷ ᠤ᠋ᠨ ᠰᠠᠭᠤᠳᠠᠭ ᠭᠠᠵᠠᠷ ᠬᠦᠷᠦᠭᠡᠳ ᠱᠠᠮᠪᠠ᠂ ᠳᠠᠭᠠᠭᠤᠯᠤᠭᠰᠠᠨ ᠴᠡᠷᠢᠭ ᠢ᠋ ᠭᠤᠷᠪᠠ ᠬᠤᠪᠢᠶᠠᠵᠤ᠂ ᠣᠷᠣᠰ ᠬᠤᠳᠠᠯᠳᠤᠭᠠᠴᠢᠨ ᠪᠠᠢᠪᠠᠯ᠂ ᠮᠠᠨ ᠤ᠋ ᠨᠠᠢᠷᠠᠮᠳᠠᠯ ᠪᠦᠬᠦᠢ ᠤᠯᠤᠰ ᠤ᠋ᠨ ᠬᠥᠮᠦᠨ ᠪᠣᠯᠬᠤ ᠲᠤᠯᠠ ᠪᠢᠲᠡᠭᠡᠢ ᠬᠠᠯᠳᠠ ᠭᠡᠵᠦ ᠵᠠᠬᠢᠭᠠᠳ ᠲᠡᠨᠳᠡ ᠠᠭᠤᠯᠵᠠᠶ᠎ᠠ ᠭᠡᠵᠦ ᠭᠠᠵᠠᠷ ᠪᠣᠯᠵᠣᠵᠠᠢ᠃
ᠭᠤᠷᠪᠠᠨ ᠠᠩᠭᠢ ᠰᠠᠯᠵᠤ ᠣᠯᠵᠠ ᠬᠠᠢᠬᠤ ᠪᠠᠷ ᠮᠣᠷᠳᠠᠪᠠ᠃ ᠰᠢᠷᠴᠢᠨ ᠵᠢᠷᠦᠬᠡ ᠲᠦᠭᠰᠢᠨ᠂ ᠱᠠᠮᠪᠠ ᠶ᠋ᠢ ᠳᠠᠭᠠᠵᠤ ᠶᠠᠪᠤᠪᠠ᠃ ᠬᠥᠭᠰᠢᠨ ᠴᠢᠨᠣ᠎ᠠ᠂ ᠠᠷᠪᠠᠨ ᠴᠡᠷᠢᠭ ᠳᠠᠭᠠᠭᠤᠯᠵᠤ ᠬᠠᠷᠠᠩᠭᠤᠢ ᠪᠠᠷ ᠶᠡᠬᠡᠯ᠎ᠡ(ᠶᠡᠬᠡ ᠯᠡ) ᠴᠢᠳᠠᠮᠠᠭᠠᠢ ᠪᠠᠷ ᠤᠳᠤᠷᠢᠳᠤᠨ᠂ ᠬᠣᠶᠠᠷ ᠭᠠᠵᠠᠷ ᠬᠠᠭᠠᠯᠭ᠎ᠠ ᠶ᠋ᠢ ᠲᠠᠰᠢᠭᠤᠷ ᠢ᠋ᠶ᠋ᠠᠷ ᠲᠣᠭᠰᠢᠭᠠᠳ᠂ ᠴᠠᠭᠠᠨ᠎ᠠ ᠠ᠋ᠴᠠ ᠨᠢ ᠣᠷᠣᠰ ᠡᠬᠡᠨᠡᠷ ᠦ᠋ᠨ ᠳᠠᠭᠤᠨ ᠰᠣᠨᠣᠰᠳᠠᠵᠤ᠂ ᠭᠤᠷᠪᠠᠳᠤᠭᠠᠷ ᠬᠠᠰᠢᠶᠠᠨ ᠳ᠋ᠤ᠌ ᠨᠣᠬᠠᠢ ᠬᠤᠴᠠᠵᠤ᠂ ᠬᠢᠲᠠᠳ ᠬᠥᠮᠦᠨ ᠶᠡᠬᠡᠯ᠎ᠡ(ᠶᠡᠬᠡ ᠯᠡ) ᠠᠶᠤᠭᠰᠠᠨ ᠪᠠᠢᠳᠠᠯ ᠲᠠᠢ ᠠᠶᠠᠷᠬᠠᠨ ᠳᠤᠤᠭᠠᠷᠤᠭᠰᠠᠨ ᠳ᠋ᠤ᠌ ᠱᠠᠮᠪᠠ ᠵᠠᠩᠳᠤᠷᠤᠨ᠂
— ᠬᠠᠭᠠᠯᠭ᠎ᠠ ᠪᠠᠨ ᠨᠡᠬᠡᠭᠡ᠂ ᠬᠥᠭᠰᠢᠨ ᠬᠠᠷ᠎ᠠ ᠡᠯᠵᠢᠭᠡ! ᠪᠢᠳᠡ᠂ ᠴᠡᠷᠢᠭ ᠦ᠋ᠨ ᠤᠯᠤᠰ᠂ ᠲᠠᠨ ᠤ᠋ ᠳ᠋ᠠᠩᠵᠢᠶᠠᠳᠠ (ᠳᠠᠩᠵᠢᠶᠠᠳ) ᠲᠠᠢ ᠠᠭᠤᠯᠵᠠᠨ᠎ᠠ ᠭᠡᠬᠦ ᠳ᠋ᠦ᠍ᠨᠢ᠂
— ᠮᠠᠷᠭᠠᠰᠢ ᠢᠷ᠎ᠡ ᠪᠠ᠃ ᠳ᠋ᠠᠩᠵᠢᠶᠠᠳᠠ(ᠳᠠᠩᠵᠢᠶᠠᠳ)ᠤᠨᠲᠠᠭᠰᠠᠨ ᠭᠡᠵᠦ ᠴᠡᠴᠡᠷᠬᠢᠯᠡᠨ ᠬᠠᠷᠢᠭᠤ ᠳᠤᠤᠭᠠᠷᠤᠭᠰᠠᠨ ᠳ᠋ᠤ᠌᠂ ᠲᠡᠮᠦᠷᠯᠡᠭᠰᠡᠨ ᠬᠠᠭᠠᠯᠭ᠎ᠠ ᠶ᠋ᠢ ᠤᠴᠢᠷ ᠨᠡᠴᠢᠷ ᠦᠭᠡᠢ ᠪᠠᠯᠪᠠᠨ ᠵᠠᠩᠨᠠᠪᠠ᠃ ᠬᠠᠰᠢᠶᠠᠨ ᠤ᠋ ᠵᠠᠪᠰᠠᠷ ᠢ᠋ᠶ᠋ᠠᠷ ᠪᠠᠢᠰᠢᠩ ᠤ᠋ᠨ ᠳᠣᠲᠣᠷ᠎ᠠ ᠭᠠᠯ ᠰᠦᠮᠡᠯᠵᠡᠵᠦ᠂ ᠳ᠋ᠧᠩᠯᠦ ᠪᠠᠷᠢᠭᠰᠠᠨ ᠬᠥᠮᠦᠨ ᠭᠦᠶᠦᠯᠲᠡᠨ(ᠭᠦᠶᠦᠯᠳᠦᠨ)᠂ ᠠᠶᠤᠭᠰᠠᠨ ᠰᠠᠨᠳᠤᠷᠤᠭᠰᠠᠨ ᠬᠥᠮᠦᠨ ᠦ᠌ ᠳᠦᠩᠭᠡᠷ ᠳᠦᠩᠭᠡᠷ ᠳᠤᠤᠭᠠᠷᠤᠯᠳᠤᠬᠤ ᠴᠢᠮᠡᠭᠡ ᠭᠠᠷᠪᠠ᠃ ᠱᠠᠮᠪᠠ᠂ ᠬᠠᠰᠢᠶ᠎ᠠ ᠶ᠋ᠢ ᠪᠦᠰᠡᠯᠡᠨ ᠲᠣᠭᠣᠷᠢᠵᠤ ᠬᠡᠨ ᠢ᠋ ᠴᠦ᠍ ᠪᠢᠲᠡᠭᠡᠢ ᠭᠠᠷᠭ᠎ᠠ ᠭᠡᠵᠦ ᠲᠤᠰᠢᠶᠠᠪᠠ᠃ ᠰᠥᠨᠢ ᠶ᠋ᠢᠨ ᠬᠠᠷᠠᠩᠭᠤᠢ ᠳ᠋ᠤ᠌᠂ ᠪᠠᠰᠠ ᠨᠢᠭᠡ ᠭᠠᠵᠠᠷ ᠬᠠᠭᠠᠯᠭ᠎ᠠ ᠲᠠᠰᠢᠭᠤᠷ ᠢ᠋ᠶ᠋ᠠᠷ ᠪᠠᠯᠪᠠᠵᠤ᠂ ᠨᠣᠬᠠᠢ ᠱᠤᠤᠭᠢᠯᠳᠤᠨ ᠪᠣᠷᠭᠣᠬᠤ ᠴᠢᠮᠡᠭᠡ ᠰᠣᠨᠣᠰᠳᠠᠪᠠ᠃
— ᠠᠮᠢᠨ ᠳ᠋ᠠᠭᠠᠨ ᠬᠠᠢᠷ᠎ᠠ ᠲᠠᠢ ᠪᠣᠯ ᠬᠠᠭᠠᠯᠭ᠎ᠠ ᠪᠠᠨ ᠨᠡᠬᠡᠭᠡ᠂ ᠦᠭᠡᠢ ᠪᠣᠯ ᠦᠨᠡᠰᠦ ᠶ᠋ᠢ ᠴᠢᠨᠢ ᠬᠡᠢᠰᠬᠡᠨᠡ ᠭᠡᠵᠦ ᠬᠠᠰᠬᠢᠷᠤᠭᠠᠳ ᠱᠠᠮᠪᠠ᠂ ᠬᠠᠷᠢᠶᠠᠲᠤ ᠴᠡᠷᠢᠭ ᠲᠡᠭᠡᠨ ᠲᠤᠰᠢᠶᠠᠵᠤ᠂ ᠨᠥᠬᠥᠳ ᠠ᠋᠂ ᠡᠨᠡ ᠡᠯᠵᠢᠭᠡ ᠶᠡᠷᠦ ᠴᠡᠷᠢᠭ ᠦ᠋ᠨ ᠬᠥᠮᠦᠨ ᠳ᠋ᠦ᠍ ᠬᠠᠭᠠᠯᠭ᠎ᠠ ᠪᠠᠨ ᠨᠡᠭᠡᠭᠡᠬᠦ ᠦᠭᠡᠢ ᠪᠣᠯ᠂ ᠲᠠ ᠨᠠᠷ ᠬᠠᠰᠢᠶᠠᠨ ᠳᠡᠭᠡᠭᠦᠷ ᠳᠠᠪᠠᠵᠤ ᠣᠷᠣᠭᠠᠳ᠂ ᠳᠠᠭᠠᠷᠢᠯᠳᠤᠭᠰᠠᠨ ᠢ᠋ ᠨᠢ ᠴᠣᠬᠢᠵᠤ ᠤᠨᠠᠭ᠎ᠠ ᠭᠡᠵᠦ ᠵᠠᠩᠳᠠᠨ ᠲᠤᠰᠢᠶᠠᠮᠠᠭᠴᠠ᠂ ᠬᠠᠭᠠᠯᠭ᠎ᠠ ᠶ᠋ᠢᠨ ᠴᠠᠭᠠᠨ᠎ᠠ ᠠ᠋ᠴᠠ ᠨᠢᠭᠡᠨ ᠬᠢᠲᠠᠳ ᠬᠥᠮᠦᠨ ᠠᠶᠤᠨ ᠡᠮᠢᠶᠡᠨ᠂ ᠭᠦᠶᠦᠨ ᠥᠭᠦᠯᠡᠷᠦᠨ᠄
— ᠠᠢ᠂ ᠳᠠ ᠯᠣᠣᠶᠧ᠂ ᠪᠢ ᠶᠠᠳᠠᠭᠤ ᠮᠠᠢᠮᠠᠢ᠂ ᠮᠠᠨ ᠤ᠋ ᠦᠨ᠎ᠡ ᠲᠡᠢ ᠰᠠᠢᠨ ᠪᠠᠷᠠᠭ᠎ᠠ ᠴᠥᠮ ᠯᠠᠮᠠ ᠶ᠋ᠢᠨ ᠭᠡᠭᠡᠬᠡᠨ(ᠭᠡᠭᠡᠨ) ᠦ᠌ ᠰᠠᠩ ᠳ᠋ᠤ᠌ ᠬᠠᠳᠠᠭᠠᠯᠠᠰᠤᠲᠠᠢ (ᠬᠠᠳᠠᠭᠠᠯᠠᠭᠠᠰᠤᠲᠠᠢ)᠂ ᠮᠠᠨ ᠤ᠋ ᠳ᠋ᠤ᠌ ᠶᠠᠭᠤᠮ᠎ᠠ ᠠᠯᠠᠭ᠎ᠠ ᠠ( ᠠ᠋)! ᠭᠡᠬᠦ ᠳ᠋ᠦ᠍ᠨᠢ( ᠳ᠋ᠦ᠍ ᠨᠢ)᠂
— ᠠᠯᠲᠠᠨ ᠳᠡᠯᠡᠬᠡᠢ ᠳ᠋ᠦ᠍ ᠲᠣᠭᠣᠰᠣ ᠬᠥᠳᠡᠯᠭᠡᠵᠦ ᠠᠮᠢᠳᠤ ᠶᠠᠪᠤᠬᠤ ᠭᠡᠪᠡᠯ ᠦᠭᠡ ᠳᠠᠭᠤᠨ ᠦᠭᠡᠢ᠂ ᠨᠣᠬᠠᠢ ᠪᠠᠨ ᠬᠣᠷᠢᠭᠠᠳ ᠬᠠᠭᠠᠯᠭ᠎ᠠ ᠪᠠᠨ ᠨᠡᠬᠡᠭᠡ ᠭᠡᠬᠦ ᠳ᠋ᠦ᠍ᠨᠢ (ᠳ᠋ᠦ᠍ ᠨᠢ) ᠬᠠᠰᠢᠶᠠᠨ ᠳᠣᠲᠣᠷ᠎ᠠ ᠬᠥᠮᠦᠨ᠂ ᠨᠣᠬᠠᠢ ᠪᠠᠨ ᠳᠠᠯᠳᠠ ᠬᠢᠵᠦ ᠡᠬᠢᠯᠡᠪᠡ᠃ ᠬᠠᠭᠠᠯᠭᠠᠨ ᠤ᠋ ᠲᠡᠮᠦᠷ ᠭᠢᠨᠵᠢ ᠴᠦ᠍ ᠬᠠᠷᠵᠢᠭᠢᠨᠠᠵᠤ᠂ ᠬᠦᠨᠳᠦ ᠲᠣᠮᠣ ᠬᠠᠭᠠᠯᠭ᠎ᠠ ᠨᠡᠭᠡᠭᠡᠭᠳᠡᠮᠡᠭᠴᠡ ᠮᠣᠷᠢᠲᠤ ᠴᠡᠷᠢᠭ ᠬᠠᠰᠢᠶᠠᠨ ᠳ᠋ᠤ᠌ ᠣᠷᠣᠵᠤ᠂
— ᠲᠠᠨ ᠤ᠋ ᠳ᠋ᠠᠩᠵᠢᠶᠳᠠ(ᠳᠠᠩᠵᠢᠶᠠᠳ) ᠬᠠᠮᠢᠭ᠎ᠠ ᠪᠠᠢᠨ᠎ᠠ? ᠮᠠᠭᠤ ᠰᠠᠢᠨ ᠱᠤᠱᠤᠮᠠ ᠪᠠᠨ ᠯᠠᠩᠭᠦᠢ ᠳ᠋ᠡᠭᠡᠨ(ᠳ᠋ᠦ᠍ ᠪᠡᠨ)ᠴᠤᠭᠯᠠᠭᠤᠯ᠂ ᠪᠤᠰᠢᠭᠤᠯᠠ! ᠵᠢᠭᠤᠲᠠᠪᠠᠯ ᠨᠢ ᠴᠢᠮᠠᠶ᠋ᠢ(ᠴᠢᠮ᠎ᠠ ᠶ᠋ᠢ) ᠲᠣᠯᠣᠭᠠᠢ ᠦᠭᠡᠢ ᠴᠢᠳᠬᠥᠷ ᠪᠣᠯᠭᠠᠨ᠎ᠠ ᠭᠡᠵᠦ ᠱᠠᠮᠪᠠ᠂ ᠠᠶᠤᠨ ᠡᠮᠢᠶᠡᠵᠦ ᠴᠡᠴᠡᠷᠡᠨ ᠳᠠᠭᠵᠢᠵᠤ ᠪᠠᠢᠭ᠎ᠠ ᠳᠠᠩᠵᠢᠶᠠᠳ ᠲᠤ᠌ ᠲᠤᠰᠢᠶᠠᠵᠤ᠂ ᠫᠦᠰᠡ ᠶ᠋ᠢᠨ ᠬᠠᠮᠤᠭ ᠪᠢᠴᠢᠭᠡᠴᠢ ᠲᠣᠭᠣᠭᠠᠴᠢ ᠵᠡᠷᠭᠡ ᠶ᠋ᠢ ᠴᠥᠮ ᠢ᠋ ᠪᠠᠢᠰᠢᠩ ᠤ᠋ᠨ ᠨᠢᠭᠡ ᠪᠤᠯᠤᠩ ᠳ᠋ᠤ᠌ ᠬᠠᠰᠢᠭᠠᠳ᠂ ᠮᠥᠩᠭᠥ᠂ ᠲᠣᠷᠭ᠎ᠠ ᠡᠷᠢᠨ ᠨᠡᠩᠵᠢᠵᠦ ᠡᠬᠢᠯᠡᠪᠡ᠃ ᠭᠡᠲᠡᠯ᠎ᠡ ᠲᠡᠷᠡ ᠫᠦᠰᠡᠨ ᠳ᠋ᠦ᠍ ᠨᠠᠷᠢᠨ ᠪᠠᠷᠠᠭ᠎ᠠ ᠦᠯᠡᠳᠡᠭᠰᠡᠨ ᠦᠭᠡᠢ ᠭᠠᠭᠴᠠᠬᠦ(ᠭᠠᠭᠴᠠ ᠬᠦ᠌)ᠳᠠᠯᠢᠩ ᠵᠡᠷᠭᠡ ᠬᠢᠮᠳᠠ ᠮᠠᠭᠤ ᠰᠠᠢᠨ ᠳᠠᠪᠤᠤ᠂ ᠭᠠᠤᠯᠢᠨ ᠲᠣᠪᠴᠢ᠂ ᠬᠠᠢᠴᠢ᠂ ᠵᠡᠭᠦᠦ᠂ ᠮᠢᠨᠳᠠᠰᠤᠨ ᠤᠲᠠᠰᠤ᠂ ᠵᠤᠨ ᠤ᠋ ᠯᠤᠤᠴᠢᠨ ᠭᠤᠲᠤᠯ᠂ ᠬᠣᠷᠭᠣᠢ ᠬᠠᠪᠴᠢᠭᠰᠠᠨ ᠬᠡᠳᠦᠨ ᠲᠣᠭᠣᠷᠴᠣᠭ᠂ ᠴᠢᠭᠢᠷᠰᠦᠨ ᠰᠠᠪᠠ ᠲᠠᠢ ᠪᠤᠷᠠᠮ᠂ ᠬᠣᠶᠠᠷ ᠨᠢᠭᠡᠨ ᠡᠩ ᠲᠡᠢ ᠳᠤᠷᠳᠤᠩ ᠤ᠋ᠨ ᠲᠡᠳᠦᠢ ᠶᠠᠭᠤᠮ᠎ᠠ ᠪᠠᠢᠵᠠᠢ᠃
ᠪᠠᠢᠰᠢᠩ ᠰᠠᠪᠠ ᠶ᠋ᠢ ᠣᠩᠭᠢᠴᠢᠵᠤ ᠭᠦᠢᠴᠡᠭᠡᠳ᠂ ᠱᠠᠮᠪᠠ ᠶ᠋ᠢᠨ ᠴᠡᠷᠢᠭ᠂ ᠲᠡᠷᠡ ᠠᠷᠰᠠᠷ ᠶᠠᠭᠤᠮ᠎ᠠ ᠠ᠋ᠴᠠ ᠤᠲᠠᠰᠤ᠂ ᠲᠣᠭᠣᠷᠴᠣᠭ᠂ ᠳ᠋ᠦᠩᠰᠧᠩ(ᠲᠦᠩᠰᠡᠨ) ᠲᠠᠮᠠᠬᠢ᠂ ᠮᠥᠩᠭᠥᠨ ᠲᠣᠪᠴᠢ᠂ ᠪᠦᠯᠡᠵᠡᠭ᠂ ᠬᠢᠮᠳᠠ ᠦᠨ᠎ᠡ ᠲᠡᠢ ᠵᠢᠵᠢᠭ ᠰᠢᠯ ᠲᠣᠯᠢ ᠠᠪᠴᠠᠭᠠᠪᠠ᠃
ᠰᠢᠷᠴᠢᠨ ᠨᠥᠬᠥᠳ ᠢ᠋ ᠳᠠᠭᠠᠵᠤ ᠶᠠᠪᠤᠭᠠᠳ ᠶᠡᠷᠦ ᠶᠠᠭᠤᠮ᠎ᠠ ᠳ᠋ᠤ᠌ ᠭᠠᠷ ᠬᠦᠷᠴᠦ ᠵᠢᠷᠦᠬᠡᠯᠡᠭᠰᠡᠨ ᠦᠭᠡᠢ᠃ ᠴᠡᠴᠡᠷᠡᠨ ᠳᠠᠭᠵᠢᠵᠤ ᠪᠠᠢᠭ᠎ᠠ ᠬᠢᠲᠠᠳ ᠤ᠋ᠨ ᠠᠶᠤᠵᠤ ᠰᠠᠨᠳᠤᠷᠤᠭᠰᠠᠨ ᠴᠢᠷᠠᠢ᠂ ᠬᠠᠭᠠᠯᠭ᠎ᠠ ᠴᠣᠣᠵᠢ ᠰᠡᠩᠳᠡ ᠮᠡᠩᠳᠡ ᠭᠠᠷᠴᠤ ᠢᠷᠡᠵᠦ ᠲᠦᠯᠬᠢᠨ ᠨᠡᠭᠡᠭᠡᠵᠦ ᠪᠠᠢᠭ᠎ᠠ ᠳᠠᠩᠵᠢᠶᠠᠳ ᠢ᠋ ᠬᠠᠷᠠᠭᠠᠳ᠂ ᠳᠣᠲᠣᠷ᠎ᠠ ᠨᠢ ᠲᠣᠩ ᠠᠶ᠎ᠠ ᠦᠭᠡᠢ ᠪᠣᠯᠵᠤ ᠶᠠᠭᠤᠮ᠎ᠠ ᠠᠪᠬᠤ ᠠ᠋ᠴᠠ ᠢᠴᠢᠵᠦ ᠵᠣᠪᠠᠪᠠ᠃ ᠲᠡᠭᠡᠭᠡᠳ ᠣᠭᠲᠣ ᠭᠠᠷ ᠬᠣᠭᠣᠰᠣᠨ ᠭᠠᠷᠪᠠᠯ᠂ ᠠᠵᠠ ᠶ᠋ᠢᠨ ᠲᠩᠷᠢ ᠪᠤᠷᠤᠭᠤᠯᠠᠬᠤ ᠪᠣᠯᠪᠠᠤ( ᠪᠣᠯᠪᠠ ᠤᠤ) ᠭᠡᠵᠦ ᠠᠶᠤᠭᠠᠳ᠂ ᠭᠠᠷ ᠤ᠋ᠨ ᠳᠣᠣᠷ᠎ᠠ ᠳᠠᠭᠠᠷᠢᠯᠳᠤᠭᠰᠠᠨ ᠨᠢᠭᠡ ᠲᠣᠮᠣ ᠴᠢᠭᠢᠷᠰᠦᠨ ᠰᠢᠭᠤᠳᠠᠢ ᠲᠠᠢ ᠪᠤᠷᠠᠮ ᠠ᠋ᠴᠠ ᠪᠠᠷᠢᠪᠠᠯ᠂ ᠱᠠᠮᠪᠠ ᠲᠠᠴᠢᠭᠢᠨᠠᠲᠠᠯ᠎ᠠ ᠢᠨᠢᠶᠡᠵᠦ᠂
— ᠬᠠᠷᠠᠭᠠᠴᠢ᠂ ᠨᠥᠬᠥᠳ ᠮᠢᠨᠢ᠂ ᠡᠷᠢᠭᠡ ᠶ᠋ᠢᠨ ᠴᠢᠨᠡᠭᠡᠨ ᠪᠡᠶ᠎ᠡ ᠲᠡᠢ ᠮᠥᠷᠲᠡᠭᠡᠨ᠂ ᠦᠬᠡᠷ ᠦ᠋ᠨ ᠴᠢᠨᠡᠭᠡ ᠲᠣᠮᠣ ᠰᠢᠭᠤᠳᠠᠢ ᠰᠢᠭᠦᠷᠳᠡᠭ(ᠰᠢᠭᠦᠷᠡᠳᠡᠭ) ᠡᠷ᠎ᠡ ᠪᠠᠢᠨ᠎ᠠ ᠰᠢᠦ᠃ ᠴᠢ ᠳᠠᠭᠠᠭᠠᠬᠤ ᠶᠤᠮ ᠪᠣᠯᠪᠠᠤ(ᠪᠣᠯᠪᠠ ᠤᠤ) ᠳᠠ᠂ ᠡᠭᠦᠷᠦᠭᠡᠳ᠂ ᠶᠠᠭᠠᠬᠢᠭᠰᠠᠨ ᠰᠢᠬᠢᠷ ᠪᠤᠷᠠᠮ ᠳ᠋ᠤ᠌ ᠳᠤᠷᠠᠲᠠᠢ ᠠᠮᠢᠲᠠᠨ ᠪᠣᠢ ᠭᠡᠬᠦ ᠳ᠋ᠦ᠍ᠨᠢ (ᠳ᠋ᠦ᠍ ᠨᠢ)ᠰᠢᠷᠴᠢᠨ ᠨᠥᠬᠥᠳ ᠦ᠋ᠨ ᠢᠨᠢᠶᠡᠬᠦ ᠳ᠋ᠦ᠍ ᠢᠴᠡᠩᠭᠦᠷᠡᠨ(ᠢᠴᠢᠩᠭᠦᠷᠡᠨ)᠂ ᠬᠦᠴᠦ ᠣᠷᠣᠵᠤ᠂ ᠲᠡᠷᠡ ᠳ᠋ᠠᠩᠵᠢᠶᠠᠳᠠ (ᠳᠠᠩᠵᠢᠶᠠᠳ) ᠢ᠋ᠶ᠋ᠠᠷ ᠡᠷᠭᠦᠭᠦᠯᠦᠨ ᠠᠷᠤ ᠳ᠋ᠠᠭᠠᠨ(ᠳ᠋ᠤ᠌ ᠪᠠᠨ)ᠡᠭᠦᠷᠦᠭᠡᠳ ᠴᠤᠤ ᠴᠢᠮᠠᠢ ᠳᠠᠭᠠᠭᠠᠵᠤ ᠱᠠᠷᠪᠢᠰᠬᠢᠨ ᠠᠯᠬᠤᠵᠤ ᠮᠣᠷᠢᠨ ᠤ᠋ ᠳᠡᠷᠭᠡᠳᠡ ᠣᠴᠢᠵᠤ᠂ ᠨᠥᠬᠥᠳ ᠢ᠋ᠶ᠋ᠡᠷ ᠡᠯᠪᠦᠭᠦᠯᠦᠨ(ᠡᠯᠪᠡᠭᠦᠯᠦᠨ) ᠡᠮᠡᠭᠡᠯ ᠳᠡᠭᠡᠷ᠎ᠡ ᠪᠡᠨ ᠳᠦᠭᠦᠷᠴᠦ(ᠳᠡᠭᠦᠷᠴᠦ)᠂ ᠡᠮᠡᠭᠡᠯ ᠦ᠋ᠨ ᠠᠷᠤ ᠳ᠋ᠤ᠌ ᠮᠣᠷᠳᠠᠭᠠᠳ᠂ ᠪᠤᠰᠤᠳ ᠨᠥᠬᠥᠳ ᠦ᠋ᠨ ᠬᠠᠮᠲᠤ ᠲᠡᠷᠡ ᠫᠦᠰᠡᠨ ᠡᠴᠡ ᠭᠠᠷᠴᠤ᠂ ᠥᠨᠥᠬᠢ ᠴᠤᠭᠯᠠᠬᠤ ᠭᠡᠰᠡᠨ ᠭᠠᠵᠠᠷ ᠲᠠᠭᠠᠨ (ᠳ᠋ᠤ᠌ ᠪᠠᠨ) ᠣᠴᠢᠵᠤ᠂ ᠤᠳᠠᠯ ᠦᠭᠡᠢ ᠪᠦᠭᠦᠳᠡ ᠨᠡᠢᠯᠡᠨ ᠴᠤᠭᠯᠠᠵᠤ᠂ ᠣᠯᠵᠠ ᠪᠠᠨ ᠥᠷᠯᠥᠭᠡ ᠨᠠᠷᠠ ᠭᠠᠷᠬᠤ ᠳ᠋ᠤ᠌ ᠬᠤᠪᠢᠶᠠᠬᠤ ᠪᠠᠷ ᠬᠡᠯᠡᠯᠴᠡᠵᠦ ᠰᠤᠮᠤᠨ ᠤ᠋ ᠬᠣᠢᠨ᠎ᠠ ᠠ᠋ᠴᠠ ᠮᠣᠷᠳᠠᠪᠠ᠃
ᠰᠢᠷᠴᠢᠨ ᠦ᠌ ᠣᠯᠵᠠ᠂ ᠫᠢᠭ ᠳᠦᠭᠦᠷᠡᠩ ᠰᠢᠭᠤᠳᠠᠢ ᠪᠤᠷᠠᠮ ᠨᠢ ᠳᠦᠭᠦᠷᠴᠦ(ᠳᠡᠭᠦᠷᠴᠦ) ᠶᠠᠪᠤᠬᠤ ᠳ᠋ᠤ᠌ ᠶᠡᠬᠡᠯ᠎ᠡ (ᠶᠡᠬᠡ ᠯᠡ) ᠡᠪ ᠦᠭᠡᠢ᠂ ᠡᠰᠢ ᠳᠠᠰᠢ(ᠡᠢᠰᠢ ᠲᠠᠢᠰᠢ) ᠪᠠᠨ ᠰᠤᠯᠵᠢᠷᠠᠵᠤ ᠰᠢᠷᠴᠢᠨ ᠢ᠋ ᠠᠶ᠎ᠠ ᠦᠭᠡᠢᠳᠡᠪᠡᠯ ᠴᠢᠷᠴᠦ ᠤᠨᠠᠭᠠᠬᠤ ᠭᠡᠳ᠂ ᠲᠤᠩ ᠠᠪᠴᠤ ᠶᠠᠪᠤᠬᠤ ᠳ᠋ᠤ᠌ ᠡᠪ ᠮᠠᠭᠤ ᠲᠠᠢ ᠪᠠᠢᠪᠠ᠃ ᠪᠠᠰᠠ ᠭᠠᠢ ᠳᠠᠭᠠᠷᠢᠵᠤ ᠡᠮᠡᠭᠡᠯ ᠦ᠋ᠨ ᠪᠦᠭᠦᠷᠭᠡᠨ ᠳ᠋ᠦ᠍ ᠨᠤᠬᠤᠭᠳᠠᠭᠠᠳ᠂ ᠣᠶᠣᠳᠠᠯ ᠢ᠋ᠶ᠋ᠠᠷ ᠬᠠᠨᠵᠠᠷᠠᠵᠤ ᠪᠤᠷᠠᠮ ᠨᠢ ᠰᠢᠷᠴᠢᠭᠢᠨᠡᠨ ᠠᠰᠬᠠᠭᠠᠳ ᠮᠣᠷᠢ ᠦᠷᠭᠦᠵᠦ ᠪᠤᠯᠭᠢᠭᠠᠳ᠂ ᠰᠢᠭᠤᠳᠠᠢ ᠨᠢ ᠡᠮᠡᠭᠡᠯ ᠦ᠋ᠨ ᠪᠦᠭᠦᠷᠭᠡᠨ ᠳ᠋ᠦ᠍ ᠬᠠᠨᠵᠠᠷᠬᠠᠢ ᠪᠠᠷ ᠲᠡᠭᠡᠭᠯᠡᠵᠦ ᠣᠢᠴᠢᠬᠤ ᠳ᠋ᠠᠭᠠᠨ(ᠳ᠋ᠤ᠌ ᠪᠠᠨ)᠂ ᠰᠢᠷᠴᠢᠨ ᠢ᠋ ᠴᠢᠷᠦᠭᠡᠳ ᠣᠢᠴᠢᠪᠠ᠃ ᠪᠠᠷᠠᠭᠤᠨ ᠮᠥᠷᠥ ᠪᠡᠨ ᠭᠠᠵᠠᠷ ᠮᠥᠷᠭᠥᠵᠦ ᠣᠢᠴᠢᠲᠠᠯᠠ᠂ ᠲᠡᠰᠬᠡᠯ ᠦᠭᠡᠢ ᠡᠪᠡᠳᠪᠡᠴᠦ ᠵᠡᠭᠦᠨ ᠭᠠᠷ ᠲᠠᠭᠠᠨ(ᠳ᠋ᠤ᠌ ᠪᠠᠨ)ᠪᠠᠷᠢᠭᠰᠠᠨ ᠴᠤᠯᠪᠤᠭᠤᠷ ᠢ᠋ ᠠᠯᠳᠠᠯ ᠦᠭᠡᠢ ᠠᠳᠬᠤᠭᠰᠠᠭᠠᠷ᠂ ᠮᠣᠷᠢ ᠪᠠᠨ ᠲᠠᠯᠪᠢᠭᠰᠠᠨ ᠦᠭᠡᠢ᠂ ᠶᠣᠢᠯᠠᠨ(ᠶᠣᠣᠯᠠᠨ) ᠪᠣᠰᠴᠤ ᠦᠵᠡᠪᠡᠯ ᠪᠠᠷᠠᠭᠤᠨ ᠭᠠᠷ ᠤᠨᠵᠢᠵᠠᠢ᠃
ᠱᠠᠮᠪᠠ ᠤᠤᠯ ᠠ᠋ᠴᠠ ᠰᠠᠢᠨ ᠪᠠᠷᠢᠶᠠᠴᠢ ᠲᠤᠯᠠ ᠲᠡᠷᠡ ᠳᠣᠣᠷ᠎ᠠ ᠨᠢ ᠰᠢᠷᠴᠢᠨ ᠦ᠌ ᠮᠤᠯᠲᠤᠷᠠᠭᠰᠠᠨ ᠭᠠᠷ ᠢ᠋ ᠣᠷᠣᠭᠤᠯᠵᠤ ᠥᠭᠴᠦ᠂ ᠥᠨᠥᠬᠢ ᠭᠠᠢᠲᠠᠢ ᠳᠦᠢᠲᠡᠢ ᠪᠤᠷᠠᠮ ᠢ᠋ ᠠᠪᠴᠤ ᠶᠠᠪᠤᠬᠤ ᠠᠷᠭ᠎ᠠ ᠦᠭᠡᠢ ᠪᠣᠯᠪᠠ᠃ ᠲᠡᠭᠡᠭᠡᠳ ᠶᠠᠳᠠᠬᠤ ᠳ᠋ᠠᠭᠠᠨ ᠨᠢᠭᠡ ᠠᠮᠰᠠᠵᠤ ᠦᠵᠡᠶ᠎ᠡ ᠭᠡᠵᠦ᠂ ᠠᠮᠠᠨ ᠳ᠋ᠠᠭᠠᠨ ᠲᠡᠷᠡ ᠪᠤᠷᠠᠮ ᠠ᠋ᠴᠠ ᠬᠢᠭᠡᠳ ᠮᠣᠷᠢᠨ ᠳ᠋ᠠᠭᠠᠨ ᠮᠣᠷᠳᠠᠵᠤ ᠪᠤᠰᠤᠳ ᠨᠥᠬᠥᠳ ᠦ᠋ᠨ ᠬᠣᠢᠨ᠎ᠠ ᠠ᠋ᠴᠠ ᠶᠠᠪᠤᠪᠠ᠃ ᠥᠪᠡᠷ ᠢ᠋ᠶ᠋ᠡᠨ ᠮᠣᠷᠢ ᠪᠠᠨ ᠠᠮᠠᠷᠠᠭᠠᠭᠠᠳ ᠨᠢᠭᠡ ᠭᠦᠳᠦᠭᠦᠷ ᠳᠡᠭᠡᠷ᠎ᠡ ᠪᠠᠭᠤᠭᠠᠳ ᠮᠣᠷᠢ ᠪᠠᠨ ᠲᠤᠱᠠᠵᠤ᠂ ᠣᠯᠵᠠ ᠪᠠᠨ ᠬᠤᠪᠢᠶᠠᠬᠤ ᠭᠡᠵᠦ ᠲᠣᠭᠣᠷᠢᠨ ᠰᠠᠭᠤᠪᠠᠯ ᠬᠢᠲᠠᠳ ᠴᠤᠸᠨᠨᠴᠣ᠂ ᠳᠤᠷᠳᠤᠮ᠂ ᠤᠯᠠᠭᠠᠨ ᠵᠠᠯᠠᠭ᠎ᠠ ᠲᠠᠢ ᠬᠣᠷᠭᠣᠢ ᠬᠠᠪᠴᠢᠭᠤᠯᠤᠭᠰᠠᠨ ᠠᠷᠪᠠᠭᠠᠳ ᠲᠣᠷᠭᠠᠨ ᠲᠣᠭᠣᠷᠴᠣᠭ᠂ ᠬᠡᠳᠦᠨ ᠲᠣᠷᠭᠠᠨ ᠠᠯᠴᠢᠭᠤᠷ᠂ ᠠᠷᠤ ᠲᠠᠯ᠎ᠠ ᠳ᠋ᠠᠭᠠᠨ(ᠳ᠋ᠤ᠌ ᠪᠠᠨ) ᠨᠢᠴᠦᠭᠦᠨ ᠬᠢᠲᠠᠳ ᠬᠡᠦᠬᠡᠨ ᠦ᠌ ᠭᠡᠷᠡᠯ ᠵᠢᠷᠤᠭ ᠲᠠᠢ ᠠᠷᠪᠠᠭᠠᠳ ᠪᠢᠴᠢᠬᠠᠨ ᠲᠣᠯᠢ᠂ ᠡᠷᠢᠶᠡᠨ ᠹᠠᠯᠠᠨ ᠬᠣᠢᠲᠠᠢ ᠬᠣᠶᠠᠷ ᠭᠤᠷᠪᠠᠨ ᠮᠣᠩᠭᠣᠯ ᠬᠢᠲᠤᠭ᠎ᠠ᠂ ᠬᠡᠳᠦᠨ ᠭᠣᠭᠴᠣᠭ᠎ᠠ ᠮᠥᠩᠭᠥᠨ ᠲᠣᠪᠴᠢ ᠪᠦᠯᠡᠵᠡᠭ᠂ ᠨᠢᠭᠡ ᠴᠡᠷᠢᠭ ᠦ᠋ᠨ ᠣᠯᠵᠤ ᠠᠪᠤᠭᠰᠠᠨ ᠬᠥᠬᠡ ᠪᠣᠳᠣᠭ ᠲᠠᠢ ᠬᠡᠦᠳᠡᠢ᠂ ᠡᠢᠮᠦ ᠥᠭᠡᠳᠡ ᠦᠭᠡᠢ ᠣᠯᠵᠠ ᠶ᠋ᠢ ᠣᠯᠤᠭᠰᠠᠨ ᠪᠠᠢᠵᠠᠢ᠂ ᠤᠷᠢᠳᠠ(ᠤᠷᠢᠳ) ᠰᠥᠨᠢ᠃
— — — —
*— ᠥᠮᠡᠨ ᠬᠣᠲᠠ ᠶ᠋ᠢ ᠳᠠᠢᠯᠠᠷ᠎ᠠ ᠮᠣᠷᠳᠠᠬᠤ ᠳ᠋ᠠᠭᠠᠨ᠄ ᠨᠣᠶᠠᠨ ᠠᠬ᠎ᠠ ᠳᠡᠭᠦᠦ ᠨᠠᠷ ᠮᠢᠨᠢ ᠠ᠋᠂ ᠥᠩᠭᠡᠲᠦ ᠲᠣᠷᠭ᠎ᠠ ᠪᠠᠷ ᠬᠥᠯ ᠦ᠋ᠨ ᠣᠷᠢᠶᠠᠯᠲᠠ ᠬᠢᠨ᠎ᠡ ᠭᠡᠵᠦ ᠭᠠᠢᠳᠠᠮᠠᠭ ᠴᠡᠷᠢᠭ ᠭᠠᠢᠬᠠᠭᠤᠯᠵᠤ ᠶᠠᠪᠤᠯ᠎ᠠ᠃
ᠳᠠᠷᠠᠰ ᠱᠧᠪᠴᠧᠡᠺᠦ(1814—1861) ᠦᠺᠷᠠᠢᠨᠠ ᠶ᠋ᠢᠨ ᠶᠡᠬᠡ ᠢᠷᠠᠭᠤ ᠨᠠᠢᠷᠠᠭᠴᠢ
ᠭᠤᠸ᠎ᠠ ᠤᠯᠠᠭᠠᠨ ᠵᠠᠯᠠᠭ᠎ᠠ ᠲᠠᠢ ᠲᠡᠷᠡ ᠲᠣᠭᠣᠷᠴᠣᠭ ᠢ᠋ ᠪᠦᠭᠦᠳᠡᠭᠡᠷ ᠪᠢ ᠠᠪᠤᠨ᠎ᠠ᠂ ᠴᠢ ᠠᠪᠤᠨ᠎ᠠ ᠭᠡᠵᠦ ᠪᠤᠯᠢᠶᠠᠯᠳᠤᠨ᠂ ᠰᠢᠷᠴᠢᠨ ᠦ᠌ ᠠᠷᠪᠠᠨ ᠤ᠋ ᠬᠢᠨ᠂ ᠲᠡᠷᠡ ᠣᠯᠵᠠ ᠪᠠᠨ ᠪᠤᠰᠤᠳ ᠲᠤ᠌ ᠥᠭᠬᠦ ᠦᠭᠡᠢ᠂ ᠥᠪᠡᠷ ᠵᠠᠭᠤᠷ᠎ᠠ ᠪᠠᠨ ᠬᠤᠪᠢᠶᠠᠨ᠎ᠠ ᠭᠡᠵᠦ ᠱᠤᠤᠭᠢᠯᠳᠤᠨ᠂ ᠰᠢᠷ᠎ᠠ ᠲᠠᠢ ᠨᠢᠭᠡ ᠶ᠋ᠢ ᠨᠢ ᠰᠢᠷ᠎ᠠ ᠶ᠋ᠢ ᠨᠢ ᠬᠥᠳᠡᠯᠭᠡᠵᠦ᠂ ᠲᠦᠷᠭᠡᠨ ᠠᠭᠤᠷ ᠲᠠᠢ ᠬᠡᠭᠡᠷ᠎ᠡ ᠶ᠋ᠢᠨ ᠡᠷᠡᠴᠦᠳ᠂ ᠪᠡᠶ᠎ᠡ ᠪᠡᠶ᠎ᠡ ᠪᠡᠨ ᠬᠠᠷᠢᠶᠠᠨ ᠠᠭᠠᠰᠢᠯᠠᠵᠤ᠂ ᠨᠢᠭᠡ ᠴᠢᠭᠢᠷᠠᠭ ᠴᠡᠷᠢᠭ ᠭᠡᠨᠡᠳᠲᠡ ᠤᠬᠤᠰᠬᠢᠨ᠂ ᠲᠡᠢᠮᠦ ᠪᠣᠯ ᠡᠨᠡ ᠮᠠᠭᠤ ᠲᠣᠭᠣᠷᠴᠣᠭ ᠢ᠋ ᠬᠡᠨ ᠴᠦ᠍ ᠪᠤᠤ ᠡᠳ᠋ᠯᠡᠭ ᠭᠡᠵᠦ ᠰᠢᠭᠦᠷᠦᠨ ᠲᠠᠰᠤᠴᠢᠵᠤ᠂ ᠲᠣᠪᠴᠢ ᠲᠣᠯᠢ ᠲᠡᠷᠢᠭᠦᠲᠡᠨ ᠢ᠋ ᠬᠡᠮᠬᠡᠯᠡᠵᠦ ᠭᠠᠷᠪᠠ᠃ ᠤᠯᠤᠰ ᠴᠥᠮ ᠤᠬᠠᠭᠠᠨ ᠦᠭᠡᠢ ᠮᠥᠨ ᠯᠡ ᠠᠭᠤᠷ ᠲᠤ᠌ ᠠᠪᠲᠠᠭᠳᠠᠨ ᠴᠤᠸᠠᠨᠴᠣ ᠳᠤᠷᠳᠤᠮ ᠢ᠋ᠶ᠋ᠠᠨ ᠲᠠᠰᠤᠳᠠᠵᠤ᠂ ᠥᠨᠥᠬᠢ ᠬᠡᠷᠡᠭᠦᠯ ᠲᠡᠮᠡᠴᠡᠭᠡᠨ ᠥᠳᠥᠭᠡᠭᠦᠯᠦᠭᠰᠡᠨ ᠲᠣᠭᠣᠷᠴᠣᠭ ᠢ᠋ ᠪᠤᠯᠢᠶᠠᠯᠳᠤᠨ ᠲᠠᠰᠤᠳᠠᠭᠰᠠᠭᠠᠷ ᠬᠠᠮᠤᠭ ᠣᠯᠵᠠ ᠪᠠᠨ ᠰᠦᠢᠳᠬᠡᠬᠦ ᠳ᠋ᠦ᠍᠂ ᠱᠠᠮᠪᠠ ᠲᠡᠳᠡᠨ ᠢ᠋ ᠵᠣᠭᠰᠣᠭᠠᠬᠤ ᠭᠡᠵᠦ ᠥᠨᠥᠬᠢ ᠤᠭᠤᠲᠠ ᠲᠠᠢ ᠬᠥᠬᠡ ᠪᠣᠳᠣᠭ ᠢ᠋ᠶ᠋ᠠᠷ ᠨᠢᠭᠤᠷ ᠨᠢᠳᠦ ᠦᠭᠡᠢ ᠴᠣᠬᠢᠯᠠᠵᠤ ᠪᠠᠢᠲᠠᠯ᠎ᠠ᠂ ᠲᠡᠷᠡ ᠤᠭᠤᠲᠠ ᠨᠢ ᠬᠠᠭᠠᠷᠠᠵᠤ ᠴᠥᠮ ᠬᠥᠬᠡ ᠪᠣᠳᠣᠭ ᠪᠣᠯᠵᠤ᠂ ᠬᠠᠷᠢᠶᠠᠯ ᠰᠢᠷᠡᠭᠡᠯ ᠲᠠᠯᠪᠢᠯᠴᠠᠨ᠂ ᠴᠠᠰᠤᠨ ᠳᠡᠭᠡᠷ᠎ᠡ ᠨᠣᠴᠣᠯᠳᠤᠵᠤ᠂ ᠴᠤᠸᠠᠨᠴᠣ ᠳᠤᠷᠳᠤᠮ ᠠᠯᠴᠢᠭᠤᠷ ᠲᠣᠭᠣᠷᠴᠣᠭ ᠢ᠋ᠶ᠋ᠠᠨ ᠲᠡᠨᠦᠭ ᠲᠠᠮᠲᠤᠭ ᠦᠭᠡᠢ ᠪᠣᠯᠲᠠᠯ᠎ᠠ ᠲᠠᠰᠤ ᠲᠠᠲᠠᠵᠤ ᠭᠦᠢᠴᠡᠭᠡᠳ ᠰᠠᠢ᠍ᠢ(ᠰᠠᠶᠢ) ᠰᠠᠨᠠᠭ᠎ᠠ ᠠᠮᠠᠷᠠᠵᠤ᠂ ᠬᠠᠮᠠᠷ ᠠᠮᠠᠨ ᠳ᠋ᠤ᠌ ᠣᠷᠣᠭᠠᠳ ᠬᠣᠭᠣᠯᠠᠢ ᠡᠷᠪᠡᠭᠡᠨᠡᠭᠦᠯᠦᠨ ᠬᠣᠷᠣᠰᠬᠠᠭᠰᠠᠨ ᠲᠡᠷᠡ ᠪᠣᠳᠣᠭ ᠢ᠋ ᠨᠤᠯᠮᠤᠨ᠂ ᠬᠠᠨᠢᠶᠠᠵᠤ ᠬᠠᠬᠢᠷᠴᠤ᠂ ᠬᠥᠯᠥᠰᠥ ᠪᠡᠨ ᠠᠷᠴᠢᠨ᠂ ᠨᠢᠭᠤᠷ ᠢ᠋ᠶ᠋ᠠᠨ ᠪᠣᠳᠣᠭ ᠢ᠋ᠶ᠋ᠠᠷ ᠬᠠᠯᠲᠠᠷ ᠪᠣᠯᠭᠠᠵᠤ᠂ ᠠᠭᠠᠬᠢᠯᠠᠨ ᠤᠭᠤᠬᠢᠯᠠᠨ ᠪᠡᠶ᠎ᠡ ᠪᠡᠶ᠎ᠡ ᠪᠡᠨ ᠬᠠᠷᠢᠶᠠᠨ ᠵᠦᠬᠡᠭᠰᠡᠭᠡᠷ ᠣᠯᠵᠠ ᠣᠮᠣᠭ ᠢ᠋ᠶ᠋ᠠᠨ ᠦᠭᠡᠢ ᠬᠢᠵᠦ ᠰᠦᠢᠳᠬᠡᠭᠡᠳ ᠴᠡᠷᠢᠭ ᠦ᠋ᠨ ᠠᠴᠢᠶ᠎ᠠ ᠬᠥᠰᠬᠡ ᠶ᠋ᠢᠨ ᠬᠣᠢᠨ᠎ᠠ ᠠ᠋ᠴᠠ ᠮᠣᠷᠳᠠᠪᠠ᠃ ᠨᠣᠴᠣᠯᠳᠤᠬᠤ ᠳ᠋ᠠᠭᠠᠨ(ᠳ᠋ᠤ᠌ ᠪᠠᠨ) ᠴᠥᠮ ᠬᠥᠬᠡ ᠪᠣᠳᠣᠭ ᠪᠣᠯᠤᠭᠰᠠᠨ ᠨᠢ᠂ ᠵᠢᠰᠦ ᠴᠢᠷᠠᠢ ᠦᠵᠡᠰᠢ ᠦᠭᠡᠢ ᠬᠥᠬᠡ ᠡᠷᠢᠶᠡᠨ ᠪᠣᠯᠤᠭᠰᠠᠨ ᠢ᠋ ᠪᠡᠶ᠎ᠡ ᠪᠡᠶ᠎ᠡ ᠳ᠋ᠡᠭᠡᠨ( ᠳ᠋ᠦ᠍ ᠪᠡᠨ) ᠠᠭᠤᠷᠯᠠᠭᠠᠳ᠂ ᠶᠡᠷᠦ ᠴᠢᠷᠠᠢ ᠴᠢᠨᠢ ᠬᠠᠯᠲᠠᠷ ᠪᠣᠯᠪᠠ ᠭᠡᠵᠦ ᠨᠥᠭᠦᠭᠡ ᠨᠢᠭᠡᠨ ᠳ᠋ᠡᠭᠡᠨ( ᠳ᠋ᠦ᠍ ᠪᠡᠨ) ᠬᠡᠯᠡᠬᠦ ᠬᠥᠮᠦᠨ ᠣᠯᠳᠠᠭᠰᠠᠨ ᠦᠭᠡᠢ᠃ ᠲᠡᠭᠡᠵᠦ ᠶᠠᠪᠤᠭᠰᠠᠭᠠᠷ᠂ ᠨᠢᠭᠡ ᠠᠢᠯ ᠤ᠋ᠨ ᠪᠠᠷᠠᠭ᠎ᠠ(ᠪᠠᠷ᠎ᠠ) ᠬᠣᠯᠠ ᠠ᠋ᠴᠠ ᠴᠠᠰᠤᠨ ᠳᠡᠭᠡᠷ᠎ᠡ ᠬᠠᠷᠠᠯᠠᠵᠤ ᠬᠠᠷᠠᠭᠳᠠᠬᠤ ᠳ᠋ᠤ᠌᠂ ᠪᠦᠭᠦᠳᠡ ᠦᠭᠡ ᠳᠠᠭᠤᠨ ᠦᠭᠡᠢ ᠲᠡᠷᠡ ᠵᠦᠭ ᠵᠢᠯᠣᠭᠣ ᠪᠠᠨ ᠵᠠᠯᠠᠵᠤ᠂ ᠨᠠᠷᠠ ᠨᠡᠯᠢᠶᠡᠳ ᠳᠡᠭᠡᠷ᠎ᠡ ᠭᠠᠷᠤᠭᠰᠠᠨ ᠬᠣᠢᠨ᠎ᠠ ᠲᠡᠷᠡ ᠠᠢᠯ ᠤ᠋ᠨ ᠭᠠᠳᠠᠭ᠎ᠠ ᠬᠦᠷᠬᠦ ᠳ᠋ᠦ᠍᠂ ᠬᠣᠨᠢ ᠪᠡᠯᠴᠢᠵᠦ ᠪᠠᠢᠪᠠ᠃ ᠳᠡᠪᠡᠯ ᠬᠤᠪᠴᠠᠰᠤ᠂ ᠨᠢᠭᠤᠷ ᠠᠮᠠ ᠨᠢ ᠬᠥᠬᠡ ᠪᠣᠳᠣᠭ ᠪᠣᠯᠤᠭᠰᠠᠨ ᠵᠠᠷ ᠢᠮᠠᠭᠠᠨ ᠤ᠋ ᠤᠬᠤᠨ᠎ᠠ ᠰᠢᠭ᠋ ᠬᠠᠯᠲᠠᠷ ᠡᠷᠡᠴᠦᠳ ᠢ᠋ ᠲᠡᠷᠡ ᠪᠢᠴᠢᠬᠠᠨ ᠬᠣᠲᠠ ᠠᠢᠯ ᠤ᠋ᠨ ᠬᠢᠨ ᠬᠠᠷᠠᠵᠤ ᠶᠡᠬᠡᠯ᠎ᠡ (ᠶᠡᠬᠡ ᠯᠡ) ᠭᠠᠢᠬᠠᠪᠠ᠃
ᠲᠡᠷᠡ ᠠᠢᠯ ᠤ᠋ᠨ ᠬᠢᠨ ᠦ᠌ ᠠᠬᠠᠮᠠᠳ ᠨᠢᠭᠡᠨ ᠡᠪᠦᠭᠡᠨ᠂ ᠱᠠᠮᠪᠠ ᠶ᠋ᠢ ᠭᠠᠢᠬᠠᠵᠤ᠂
— ᠲᠠ ᠨᠠᠷ ᠤ᠋ᠨ ᠨᠢᠭᠤᠷ᠂ ᠳᠡᠪᠡᠯ ᠬᠤᠪᠴᠠᠰᠤ ᠴᠢᠨᠢ ᠶᠠᠭᠠᠬᠢᠵᠤ ᠪᠠᠢᠭ᠎ᠠ ᠨᠢ ᠡᠨᠡ ᠪᠣᠢ? ᠭᠡᠵᠦ ᠠᠰᠠᠭᠤᠪᠠᠯ᠂ ᠰᠠᠢ (ᠰᠠᠶᠢ) ᠪᠡᠶ᠎ᠡ ᠪᠡᠶ᠎ᠡ ᠶ᠋ᠢᠨ ᠥᠭᠡᠳᠡ ᠡᠴᠡ ᠬᠠᠷᠠᠵᠤ ᠪᠦᠭᠦᠳᠡᠭᠡᠷ ᠢ᠋ᠶ᠋ᠡᠨ ᠡᠯᠢᠭᠡ ᠪᠡᠨ ᠬᠥᠰᠢᠲᠡᠯ᠎ᠡ ᠢᠨᠢᠶᠡᠯᠴᠡᠭᠡᠳ᠂ ᠥᠷᠯᠥᠭᠡ ᠶ᠋ᠢᠨ ᠪᠡᠶ᠎ᠡ ᠪᠡᠶ᠎ᠡ ᠳ᠋ᠡᠭᠡᠨ( ᠳ᠋ᠦ᠍ ᠪᠡᠨ) ᠠᠭᠤᠷᠯᠠᠭᠰᠠᠨ ᠠᠭᠤᠷ ᠨᠢ ᠲᠠᠢᠳᠬᠤᠷᠠᠵᠤ᠂ ᠨᠢᠭᠡ ᠨᠢᠭᠡᠨ ᠢ᠋ᠶ᠋ᠡᠨ ᠬᠣᠱᠣᠩᠨᠠᠨ ᠴᠢ ᠡᠢᠮᠦ ᠪᠣᠯᠪᠠ᠂ ᠴᠢ ᠲᠡᠢᠮᠦ ᠪᠣᠯᠪᠠ ᠭᠡᠵᠦ ᠢᠨᠢᠶᠡᠯᠳᠦᠬᠦ ᠴᠢᠮᠡᠭᠡ ᠪᠡᠷ ᠲᠡᠷᠡ ᠠᠢᠯ ᠤ᠋ᠨ ᠴᠢᠪᠠᠭᠠᠨᠴᠠ᠂ ᠬᠡᠦᠬᠡᠳ ᠪᠠᠭᠠᠴᠤᠳ ᠴᠥᠮ ᠴᠤᠭᠯᠠᠵᠤ᠂ ᠬᠥᠬᠡ ᠪᠣᠳᠣᠭ ᠪᠣᠯᠤᠭᠰᠠᠨ ᠬᠠᠯᠲᠠᠷ ᠴᠢᠷᠠᠢ ᠲᠠᠢ᠂ ᠦᠵᠡᠭᠳᠡᠭᠡ ᠦᠭᠡᠢ ᠬᠠᠴᠢᠨ ᠡᠷᠡᠰ ᠢ᠋ ᠭᠠᠢᠬᠠᠨ ᠬᠠᠷᠠᠪᠠ᠃ ᠲᠡᠷᠡ ᠠᠢᠯ ᠤ᠋ᠨ ᠡᠪᠦᠭᠡᠨ᠂ ᠱᠠᠮᠪᠠ ᠶ᠋ᠢᠨ ᠰᠠᠬᠠᠯ ᠬᠤᠭᠤᠵᠠ(ᠬᠤᠤᠰᠠ) ᠬᠥᠬᠡ ᠪᠣᠳᠣᠭ ᠪᠣᠯᠵᠤ᠂ ᠬᠥᠬᠡ ᠮᠥᠰᠥ ᠪᠣᠯᠤᠭᠰᠠᠨ ᠢ᠋ ᠲᠣᠯᠣᠭᠠᠢ ᠰᠡᠭᠰᠦᠷᠦᠨ ᠬᠠᠷᠠᠵᠤ ᠪᠤᠷᠤᠭᠤᠰᠢᠶᠠᠨ ᠥᠭᠦᠯᠡᠷᠦᠨ᠄
— ᠲᠠ ᠨᠠᠷ ᠴᠢᠨᠢ ᠶᠠᠭᠤ ᠬᠢᠵᠦ ᠶᠠᠪᠤᠭ᠎ᠠ᠂ ᠶᠠᠮᠠᠷ ᠠᠮᠢᠲᠠᠨ ᠪᠣᠢ? ᠬᠢᠲᠠᠳ ᠢ᠋ ᠳᠡᠭᠡᠷᠡᠮᠳᠡᠵᠦ ᠶᠠᠪᠤᠭ᠎ᠠ ᠶᠤᠮ ᠤᠤ ᠲᠠ ᠨᠠᠷ ᠴᠢᠨᠢ? ᠴᠢ ᠨᠠᠰᠤᠲᠠᠢ ᠬᠥᠮᠦᠨ᠂ ᠬᠥᠮᠦᠨ ᠢ᠋ ᠮᠠᠭᠤ ᠶᠠᠭᠤᠮ᠎ᠠ ᠠ᠋ᠴᠠ ᠬᠣᠷᠢᠭᠯᠠᠵᠤ ᠶᠠᠪᠤᠬᠤ ᠦᠭᠡᠢ᠂ ᠤᠴᠢᠷ ᠮᠡᠳᠡᠬᠦ ᠦᠭᠡᠢ ᠴᠡᠷᠢᠭ ᠦ᠋ᠨ ᠪᠠᠭᠠᠴᠤᠳ ᠢ᠋ ᠤᠷᠤᠭᠤ ᠲᠠᠲᠠᠵᠤ ᠶᠠᠪᠤᠳᠠᠭ ᠴᠢᠨᠢ ᠶᠠᠮᠠᠷ ᠮᠠᠭᠤᠬᠠᠢ ᠶᠤᠮ ᠪᠣᠢ ᠭᠡᠪᠡ᠃
ᠱᠠᠮᠪᠠ ᠪᠥᠬᠡ ᠠᠭᠤᠷᠯᠠᠵᠤ᠂ ᠴᠢᠮᠠᠲᠤ(ᠴᠢᠮ᠎ᠠ ᠳ᠋ᠤ᠌) ᠶᠠᠮᠠᠷ ᠬᠠᠮᠢᠶ᠎ᠠ ᠪᠣᠢ? ᠭᠡᠵᠦ ᠲᠡᠷᠡ ᠡᠪᠦᠭᠡᠨ ᠦ᠌ ᠡᠩᠭᠡᠷ ᠡᠴᠡ ᠰᠢᠭᠦᠷᠴᠤ ᠠᠯᠠᠭᠠᠳᠠᠪᠠ᠃ ᠲᠡᠷᠡ ᠬᠣᠲᠠ ᠠᠢᠯ ᠤ᠋ᠨ ᠬᠡᠦᠬᠡᠳ ᠰᠢᠳᠬᠤᠨ᠂ ᠡᠬᠡᠨᠡᠷ ᠴᠢᠪᠠᠭᠠᠨᠴᠠ ᠨᠠᠷ᠂ ᠵᠦᠢ ᠪᠤᠰᠤ ᠪᠠᠷ ᠶᠠᠪᠤᠳᠠᠯ ᠭᠠᠷᠭᠠᠵᠤ ᠶᠠᠪᠤᠭᠰᠠᠨ ᠬᠥᠮᠦᠨ ᠢ᠋ ᠪᠤᠷᠤᠭᠤᠰᠢᠶᠠᠨ ᠬᠣᠷᠢᠭᠯᠠᠵᠤ ᠬᠡᠯᠡᠭᠰᠡᠨ ᠡᠷᠦᠬᠡ ᠶ᠋ᠢᠨ ᠲᠡᠷᠢᠭᠦᠯᠡᠭᠴᠢ ᠡᠪᠦᠭᠡᠨ ᠢ᠋ ᠲᠡᠭᠡᠵᠦ ᠶᠣᠰᠣ ᠪᠤᠰᠤ ᠪᠠᠷ ᠳᠠᠷᠤᠯᠠᠨ ᠳᠣᠷᠣᠮᠵᠢᠯᠠᠭᠰᠠᠨ ᠢ᠋ ᠦᠵᠡᠭᠡᠳ ᠶᠡᠬᠡᠯ᠎ᠡ (ᠶᠡᠬᠡ ᠯᠡ)ᠰᠣᠴᠢᠨ ᠭᠠᠢᠬᠠᠵᠤ᠂ ᠴᠢᠪ ᠴᠢᠮᠡᠭᠡ ᠦᠭᠡᠢ ᠪᠣᠯᠤᠭᠰᠠᠨ ᠢ᠋ᠶ᠋ᠠᠨ ᠪᠦᠭᠦᠳᠡ ᠱᠤᠤᠭᠢᠯᠳᠤᠨ ᠬᠠᠷᠢᠶᠠᠵᠤ ᠡᠬᠢᠯᠡᠪᠡ᠃
ᠱᠠᠮᠪᠠ ᠮᠣᠷᠢᠨ ᠳ᠋ᠠᠭᠠᠨ ᠮᠣᠷᠳᠠᠵᠤ᠂ ᠳᠠᠭᠠᠯᠳᠤᠭᠰᠠᠨ ᠨᠥᠬᠥᠳ ᠨᠢ ᠱᠠᠮᠪᠠ ᠶ᠋ᠢ ᠳᠠᠭᠤᠷᠢᠶᠠᠨ ᠴᠥᠮ ᠮᠣᠷᠢᠨ ᠳ᠋ᠠᠭᠠᠨ ᠮᠣᠷᠳᠠᠵᠠᠭᠠᠵᠤ ᠬᠣᠢᠨ᠎ᠠ ᠠ᠋ᠴᠠ ᠨᠢ ᠶᠠᠪᠤᠪᠠ᠃ ᠲᠡᠷᠡ ᠠᠢᠯ ᠤ᠋ᠨ ᠬᠡᠦᠬᠡᠳ ᠡᠮᠡᠭᠲᠡᠢᠴᠦᠳ᠂ ᠴᠢᠪᠠᠭᠠᠨᠴᠠ ᠨᠠᠷ ᠱᠠᠮᠪᠠ ᠰᠡᠯᠲᠡ ᠶ᠋ᠢᠨ ᠬᠣᠢᠨ᠎ᠠ ᠠ᠋ᠴᠠ ᠬᠠᠷᠢᠶᠠᠯ ᠲᠠᠯᠪᠢᠵᠤ ᠦᠨᠡᠰᠦ ᠰᠢᠷᠣᠢ ᠰᠠᠴᠤᠬᠤ ᠨᠢ ᠦᠨᠡᠰᠦ ᠰᠢᠷᠣᠢ ᠰᠠᠴᠤᠵᠤ᠂ ᠬᠠᠷ᠎ᠠ ᠤᠰᠤ ᠰᠠᠴᠤᠬᠤ ᠨᠢ ᠬᠠᠷ᠎ᠠ ᠤᠰᠤ ᠰᠠᠴᠤᠪᠠ᠂ ᠱᠠᠮᠪᠠ ᠶ᠋ᠢᠨ ᠠᠭᠤᠷ ᠬᠦᠷᠴᠦ ᠨᠢᠭᠡ ᠴᠡᠷᠢᠭ ᠢ᠋ ᠶᠠᠪᠤᠭᠤᠯᠵᠤ᠂ ᠡᠳᠡᠨ ᠦ᠌ ᠬᠣᠨᠢᠨ ᠠ᠋ᠴᠠ ᠨᠢᠭᠡ ᠶ᠋ᠢ ᠪᠠᠷᠢᠭᠠᠳ ᠢᠷ᠎ᠡ ᠭᠡᠵᠦ ᠮᠣᠷᠳᠠᠭᠤᠯᠵᠠᠢ᠃ ᠬᠣᠨᠢᠴᠢᠨ ᠬᠡᠦᠬᠡᠳ ᠨᠢᠭᠤᠷ ᠢ᠋ᠶ᠋ᠠᠨ ᠬᠥᠬᠡ ᠪᠣᠳᠣᠭ ᠢ᠋ᠶ᠋ᠠᠷ ᠪᠣᠳᠣᠭᠰᠠᠨ ᠨᠢᠭᠡ ᠲᠣᠮᠣ ᠡᠷ᠎ᠡ᠂ ᠬᠣᠨᠢᠨ ᠤ᠋ ᠣᠢᠷ᠎ᠠ ᠬᠦᠷᠴᠦ ᠢᠷᠡᠭᠡᠳ ᠨᠢᠭᠡ ᠪᠦᠳᠦᠭᠦᠨ ᠢᠷᠭᠡ ᠮᠣᠷᠢᠨ ᠳᠡᠭᠡᠷ᠎ᠡ ᠡᠴᠡ ᠰᠢᠭᠦᠷᠴᠤ ᠤᠷᠢᠳᠤ ᠪᠠᠨ ᠳᠦᠭᠦᠷᠦᠭᠡᠳ (ᠳᠡᠭᠦᠷᠦᠭᠡᠳ)ᠳᠠᠪᠬᠢᠬᠤ ᠶ᠋ᠢ ᠬᠠᠷᠠᠭᠠᠳ᠂ ᠤᠬᠠᠭᠠᠨ ᠠᠮᠢ ᠦᠭᠡᠢ ᠠᠶᠤᠵᠤ ᠭᠡᠷ ᠦ᠋ᠨ ᠵᠦᠭ ᠤᠨᠠᠨ ᠲᠣᠰᠣᠨ ᠭᠦᠶᠦᠪᠡ᠃ ᠱᠠᠮᠪᠠ᠂ ᠴᠡᠷᠢᠭ ᠢ᠋ᠶ᠋ᠡᠨ ᠳᠠᠭᠠᠭᠤᠯᠤᠨ ᠶᠠᠪᠤᠭᠰᠠᠭᠠᠷ ᠦᠳᠡ ᠶ᠋ᠢᠨ ᠠᠯᠲᠠ ᠳ᠋ᠤ᠌ ᠪᠠᠰᠠ ᠨᠢᠭᠡ ᠠᠢᠯ ᠳᠠᠭᠠᠷᠢᠯᠳᠤᠪᠠ᠃ ᠲᠡᠨᠳᠡ ᠪᠠᠭᠤᠵᠤ᠂ ᠨᠢᠭᠤᠷ ᠭᠠᠷ ᠢ᠋ᠶ᠋ᠠᠨ ᠤᠬᠢᠶᠠᠵᠤ᠂ ᠬᠥᠮᠦᠨ ᠰᠢᠭ ᠪᠣᠯᠤᠭᠠᠳ ᠥᠨᠥ ᠪᠤᠯᠢᠶᠠᠭᠰᠠᠨ ᠬᠣᠨᠢ ᠪᠠᠨ ᠭᠠᠷᠭᠠᠵᠤ ᠴᠢᠨᠠᠵᠤ ᠢᠳᠡᠭᠡᠳ᠂ ᠴᠡᠷᠢᠭ ᠦ᠋ᠨ ᠬᠣᠢᠨ᠎ᠠ ᠠ᠋ᠴᠠ ᠬᠥᠭᠡᠭᠡᠵᠦ ᠮᠥᠳᠳᠥ ᠠᠭᠲᠠ ᠠᠴᠢᠶ᠎ᠠ ᠪᠠᠨ ᠭᠦᠢᠴᠡᠪᠡ᠃
ᠴᠡᠷᠢᠭ ᠢ᠋ ᠪᠠᠭᠤᠳᠠᠯᠯᠠᠭᠰᠠᠨ ᠬᠣᠢᠨ᠎ᠠ ᠵᠠᠮᠰᠦᠢ᠍ᠷᠦᠩᠵᠠᠪ ᠬᠣᠷᠠᠩᠳᠠ ᠵᠠᠷᠤᠯᠭ᠎ᠠ ᠶᠠᠪᠤᠭᠤᠯᠵᠤ᠂ ᠤᠷᠢᠳᠤ ᠰᠥᠨᠢ ᠳᠤᠷ᠎ᠠ ᠵᠣᠷᠢᠭ ᠢ᠋ᠶ᠋ᠠᠷ ᠲᠠᠰᠤᠷᠠᠵᠤ ᠶᠠᠪᠤᠭᠰᠠᠨ ᠴᠡᠷᠢᠭ ᠢ᠋ ᠳᠠᠭᠤᠳᠠᠭᠤᠯᠪᠠ᠃ ᠲᠡᠷᠡ ᠵᠠᠷᠤᠯᠭ᠎ᠠ ᠱᠠᠮᠪᠠ ᠳ᠋ᠤ᠌ ᠰᠠᠮ ᠰᠢᠪᠡᠨᠡᠨ᠂
— ᠯᠠᠮᠠ ᠶ᠋ᠢᠨ ᠭᠡᠭᠡᠬᠡᠨ(ᠭᠡᠭᠡᠨ) ᠂ ᠮᠠᠨ ᠤ᠋ ᠬᠤᠷᠠᠩᠳᠠ ᠳ᠋ᠤ᠌ ᠡᠯᠴᠢ ᠳᠣᠪᠲᠣᠯᠭᠠᠨ ᠶᠠᠪᠤᠭᠤᠯᠵᠤ᠂ ᠵᠢᠰᠠ ᠶ᠋ᠢᠨ ᠬᠠᠮᠠᠭᠠᠯᠠᠯ ᠳ᠋ᠤ᠌ ᠪᠠᠢᠭᠰᠠᠨ ᠬᠡᠳᠦᠨ ᠬᠢᠲᠠᠳ ᠳ᠋ᠠᠩᠵᠢᠶᠠᠳᠠ ᠶ᠋ᠢᠨ(ᠳᠠᠩᠵᠢᠶᠠᠳ ᠤ᠋ᠨ) ᠬᠥᠷᠥᠩᠭᠡ ᠶ᠋ᠢ ᠲᠠᠨ ᠤ᠋ ᠴᠡᠷᠢᠭ ᠲᠣᠨᠣᠵᠤ ᠬᠣᠬᠢᠷᠠᠭᠤᠯᠪᠠ᠃ ᠠᠪᠤᠭᠰᠠᠨ ᠡᠳ᠋ ᠢ᠋ ᠪᠤᠴᠠᠭᠠᠵᠤ᠂ ᠤᠷᠢᠳᠠ(ᠤᠷᠢᠳ) ᠰᠥᠨᠢ ᠳᠡᠭᠡᠷᠡᠮᠳᠡᠨ ᠶᠠᠪᠤᠭᠰᠠᠨ ᠴᠡᠷᠢᠭ ᠢ᠋ ᠪᠠᠩᠵᠠᠳᠠᠨ( ᠪᠠᠨᠰᠠᠳᠠᠨ) ᠰᠢᠳᠬᠡᠵᠦ( ᠰᠢᠢᠳᠬᠡᠵᠦ) ᠴᠡᠭᠡᠷᠯᠡᠭᠦᠯᠨᠡᠦ (ᠴᠡᠭᠡᠷᠯᠡᠭᠦᠯᠦᠨ᠎ᠡ ᠤᠤ) ᠭᠡᠵᠦ ᠡᠯᠴᠢ ᠪᠡᠷ ᠵᠠᠬᠢᠭᠰᠠᠨ ᠰᠢᠦ ᠭᠡᠬᠦ ᠳ᠋ᠦ᠍ᠨᠢ ( ᠳ᠋ᠦ᠍ ᠨᠢ )ᠱᠠᠮᠪᠠ ᠨᠥᠬᠥᠳ ᠲᠡᠭᠡᠨ( ᠳ᠋ᠦ᠍ ᠪᠡᠨ)᠂
— ᠵᠠ᠂ ᠨᠥᠬᠥᠳ ᠮᠢᠨᠢ᠂ ᠵᠠᠮᠰᠥ᠋ᠷᠦᠩᠵᠠᠪ ᠬᠤᠷᠠᠩᠳᠠ ᠭᠡᠳᠡᠭ ᠲᠤᠩ ᠵᠢᠷᠦᠬᠡ ᠦᠭᠡᠢ ᠠᠮᠢᠲᠠᠨ ᠰᠢᠦ᠃ ᠲᠠ ᠨᠠᠷ ᠡᠬᠢᠨ ᠦ᠌ ᠬᠡᠳᠦᠨ ᠬᠥᠮᠦᠨ ᠢ᠋ ᠪᠠᠩᠵᠠᠳᠠᠭᠤᠯᠤᠯ(ᠪᠠᠨᠰᠠᠳᠠᠭᠤᠯᠤᠯ) ᠦᠭᠡᠢ ᠪᠤᠯᠢᠶᠠᠵᠤ ᠠᠪᠴᠤ ᠴᠢᠳᠠᠪᠠᠯ᠂ ᠠᠶᠤᠭᠠᠳ ᠰᠢᠢᠳᠬᠡᠬᠦ ᠶ᠋ᠢ ᠵᠣᠭᠰᠣᠨ᠎ᠠ᠃ ᠬᠡᠷᠪᠡ ᠲᠠ ᠨᠠᠷ ᠠᠶᠤᠵᠤ ᠬᠤᠯᠴᠢᠢᠭᠠᠳ᠂ ᠨᠢᠭᠡ ᠶ᠋ᠢ ᠪᠡᠨ ᠪᠠᠩᠵᠠᠳᠠᠭᠤᠯᠪᠠᠯ (ᠪᠠᠨᠰᠠᠳᠠᠭᠤᠯᠪᠠᠯ)᠂ ᠬᠤᠷᠠᠩᠳᠠ ᠥᠨᠥ ᠣᠷᠣᠢ ᠲᠠ ᠪᠦᠭᠦᠳᠡ ᠶ᠋ᠢᠨ ᠬᠣᠩᠭᠣᠨ ᠤ᠋ ᠮᠢᠬ᠎ᠠ ᠶ᠋ᠢ ᠤᠬᠤᠵᠤ ᠢᠳᠡᠨ᠎ᠡ ᠰᠢᠦ᠃ ᠥᠷᠯᠥᠭᠡ ᠲᠠ ᠨᠠᠷ᠂ ᠲᠡᠨᠡᠭ ᠠᠭᠤᠷᠤᠨ ᠳ᠋ᠠᠭᠠᠨ(ᠠᠭᠤᠷ ᠲᠤ᠌ ᠪᠠᠨ) ᠪᠣᠯᠵᠤ᠂ ᠬᠠᠮᠤᠭ ᠣᠯᠵᠠ ᠪᠠᠨ ᠤᠷᠠᠵᠤ ᠲᠠᠰᠤᠳᠠᠭᠠᠳ᠂ ᠬᠤᠷᠠᠩᠳᠠ ᠶ᠋ᠢᠨ ᠠᠮᠠ ᠲᠠᠭᠯᠠᠬᠤ ᠶᠠᠭᠤᠮ᠎ᠠ ᠠᠯᠠᠭ᠎ᠠ ᠪᠣᠯᠤᠭᠰᠠᠨ ᠭᠡᠬᠦ ᠳ᠋ᠦ᠍ᠨᠢ(ᠳ᠋ᠦ᠍ ᠨᠢ) ᠤᠷᠢᠳ ᠰᠥᠨᠢ ᠶᠠᠪᠤᠭᠰᠠᠨ ᠴᠡᠷᠢᠭ᠂ ᠪᠤᠰᠤᠳ ᠨᠥᠬᠥᠳ ᠲᠡᠢ ᠬᠡᠯᠡᠯᠴᠡᠵᠦ᠂ ᠪᠢᠳᠡᠨ ᠢ᠋ ᠪᠠᠩᠵᠠᠳᠠᠬᠤ(ᠪᠠᠨᠰᠠᠳᠠᠬᠤ) ᠭᠡᠪᠡᠯ᠂ ᠲᠠ ᠨᠠᠷ ᠮᠠᠨ ᠢ᠋ ᠪᠡᠨ ᠰᠠᠯᠭᠠᠵᠤ ᠠᠪᠬᠤ ᠶ᠋ᠢ ᠮᠡᠳᠡᠭᠡᠷᠡᠢ ᠭᠡᠵᠦ ᠵᠠᠬᠢᠭᠠᠳ᠂ ᠬᠤᠷᠠᠩᠳᠠ ᠳ᠋ᠤ᠌ ᠰᠢᠢᠳᠬᠡᠭᠦᠯᠬᠦ ᠪᠡᠷ ᠣᠳᠪᠠ᠃ ᠤᠳᠠᠯ ᠦᠭᠡᠢ ᠪᠦᠷᠢᠶ᠎ᠡ ᠲᠠᠲᠠᠵᠤ᠂ ᠬᠤᠷᠠᠩᠳᠠ ᠶ᠋ᠢᠨ ᠠᠶᠠᠨ ᠤ᠋ ᠭᠡᠷ ᠦ᠋ᠨ ᠡᠮᠦᠨ᠎ᠡ ᠪᠦᠬᠦ ᠴᠡᠷᠢᠭ ᠢ᠋ ᠬᠠᠭᠠᠯᠭᠠᠨ ᠤ᠋ ᠬᠣᠶᠠᠷ ᠲᠠᠯ᠎ᠠ ᠳ᠋ᠤ᠌ ᠵᠢᠭᠰᠠᠭᠠᠵᠠᠢ᠃
ᠵᠠᠮᠰᠦ᠋ᠷᠦᠩᠵᠠᠪ ᠬᠤᠷᠠᠩᠳᠠ ᠰᠢᠯᠦᠰᠦ ᠪᠡᠨ ᠥᠰᠥᠷᠬᠡᠨ ᠭᠣᠩᠰᠢᠵᠤ᠂ ᠤᠷᠢᠳ ᠰᠥᠨᠢ ᠬᠡᠢᠳ ᠦ᠋ᠨ ᠵᠢᠰᠠ ᠳ᠋ᠤ᠌ ᠶᠠᠭᠤᠮ᠎ᠠ ᠪᠠᠨ ᠬᠠᠮᠠᠭᠠᠯᠠᠭᠤᠯᠤᠭᠰᠠᠨ ᠬᠡᠳᠦᠨ ᠬᠢᠲᠠᠳ ᠫᠦᠰᠡ ᠳᠡᠭᠡᠷᠡᠮᠳᠡᠭᠰᠡᠨ ᠴᠡᠷᠢᠭ ᠢ᠋ ᠲᠤᠰ ᠪᠦᠷᠢ ᠳᠥᠴᠢᠨ ᠲᠠᠪᠤᠨ ᠪᠠᠩᠵᠠ( ᠪᠠᠨᠰᠠ) ᠵᠠᠨᠴᠢ ᠭᠡᠵᠦ ᠲᠤᠰᠢᠶᠠᠭᠠᠳ᠂ ᠪᠢᠴᠢᠭᠡᠴᠢ ᠨᠢ ᠶᠠᠯ᠎ᠠ ᠰᠢᠢᠳᠬᠡᠭᠦᠯᠪᠡᠯ ᠵᠣᠬᠢᠬᠤ ᠴᠡᠷᠢᠭ ᠦ᠋ᠨ ᠨᠡᠷ᠎ᠡ ᠶ᠋ᠢ ᠳᠠᠭᠤᠳᠠᠵᠤ᠂ ᠬᠣᠶᠠᠷ ᠬᠥᠮᠦᠨ ᠢ᠋ ᠡᠬᠢᠨ ᠡᠴᠡ ᠨᠢ ᠳᠠᠭᠤᠳᠠᠨ ᠭᠠᠷᠭᠠᠵᠤ ᠪᠠᠩᠵᠠᠴᠢ( ᠪᠠᠨᠰᠠᠴᠢ) ᠨᠠᠷ ᠢ᠋ ᠪᠠᠩᠵᠠ (ᠪᠠᠨᠰᠠ) ᠪᠠᠨ ᠪᠠᠷᠢᠵᠤ ᠵᠠᠪᠳᠤᠬᠤ ᠠ᠋ᠴᠠ ᠡᠮᠦᠨ᠎ᠡ ᠣᠯᠠᠨ ᠴᠡᠷᠢᠭ᠂
— ᠲᠡᠷᠡ ᠮᠥᠯᠵᠢᠮᠡᠲᠡᠭᠡᠢ ᠬᠢᠲᠠᠳ ᠳᠠᠩᠵᠢᠶᠠᠳ ᠤ᠋ᠨ ᠲᠥᠯᠥᠭᠡ ᠪᠢᠳᠡ᠂ ᠨᠥᠬᠥᠳ ᠦ᠋ᠨ ᠢ᠋ᠶ᠋ᠡᠨ ᠮᠢᠬ᠎ᠠ ᠠᠷᠠᠰᠤ ᠶ᠋ᠢ ᠤᠷᠠᠭᠤᠯᠬᠤ ᠦᠭᠡᠢ ᠭᠡᠵᠦ ᠬᠠᠰᠬᠢᠷᠤᠨ ᠳᠠᠭᠠᠷᠢᠵᠤ᠂ ᠲᠡᠷᠡ ᠬᠣᠶᠠᠷ ᠴᠡᠷᠢᠭ ᠢ᠋ ᠪᠤᠯᠢᠶᠠᠵᠤ ᠠᠪᠬᠤ ᠳ᠋ᠤ᠌᠂ ᠵᠡᠮᠰᠥ᠋ᠷᠦᠩᠵᠠᠪ ᠬᠤᠷᠠᠩᠳᠠ ᠶ᠋ᠢᠨ ᠴᠢᠷᠠᠢ ᠦᠨᠡᠰᠦᠨ ᠬᠥᠬᠡ ᠪᠣᠯᠵᠤ ᠤᠬᠠᠭᠠᠨ ᠠᠮᠢ ᠦᠭᠡᠢ ᠭᠡᠷ ᠲᠡᠭᠡᠨ ᠭᠦᠶᠦᠵᠦ ᠣᠷᠣᠪᠠ᠃ ᠪᠢᠴᠢᠭᠡᠴᠢ ᠨᠠᠷ ᠬᠤᠷᠠᠩᠳᠠ ᠶ᠋ᠢ ᠳᠠᠭᠠᠵᠤ ᠬᠣᠢᠨ᠎ᠠ ᠠ᠋ᠴᠠ ᠨᠢ ᠭᠦᠶᠦᠵᠦ ᠣᠷᠣᠪᠠᠯ ᠤᠳᠠᠯ ᠦᠭᠡᠢ ᠲᠡᠷᠡ ᠭᠡᠷ ᠡᠴᠡ ᠵᠠᠭᠤᠨ ᠤ᠋ ᠳᠠᠷᠤᠭ᠎ᠠ ᠭᠠᠷᠴᠤ ᠢᠷᠡᠭᠡᠳ ᠴᠡᠷᠢᠭ ᠢ᠋ ᠵᠠᠩᠨᠠᠵᠤ᠂ ᠵᠠ ᠲᠠ ᠨᠠᠷ ᠲᠡᠭᠡᠵᠦ ᠯᠡ ᠪᠠᠢ᠃ ᠤᠯᠢᠶᠠᠰᠤᠲᠠᠢ ᠣᠢᠷᠠᠲᠤᠵᠤ ᠲᠠ ᠨᠠᠷ ᠤ᠋ᠨ ᠵᠠᠬᠢᠷᠭᠠᠨ ᠴᠤ᠌ ᠣᠢᠷᠠᠲᠤᠵᠤ ᠪᠠᠢᠨ᠎ᠠ ᠰᠢᠦ ᠳᠡ ᠭᠡᠳ ᠴᠡᠷᠢᠭ ᠢ᠋ ᠮᠠᠢᠬᠠᠨ ᠮᠠᠢᠬᠠᠨ ᠳ᠋ᠤᠨᠢ ᠲᠠᠷᠬᠠᠭᠠᠪᠠ᠃
ᠬᠣᠶᠠᠷ ᠬᠣᠨᠣᠭᠠᠳ᠂ ᠪᠠᠢᠳᠠᠷᠠᠭ ᠤ᠋ᠨ ᠭᠣᠣᠯ ᠬᠦᠷᠴᠦ᠂ ᠦᠳᠡᠰᠢ ᠶ᠋ᠢᠨ ᠲᠣᠭᠠᠯᠠᠯᠭᠠᠨ ᠳ᠋ᠤ᠌ ᠪᠠᠢᠴᠠᠭᠠᠨ ᠦᠵᠡᠪᠡᠯ ᠰᠠᠢᠨ ᠡᠷ᠎ᠡ ᠭᠣᠣᠯᠳᠠᠭᠰᠠᠨ ᠵᠢᠷᠭᠤᠭᠠᠨ ᠴᠡᠷᠢᠭ ᠰᠠᠮ ᠠᠯᠠᠭ᠎ᠠ ᠪᠣᠯᠵᠠᠢ᠃ ᠰᠢᠷᠴᠢᠨ ᠲᠡᠷᠡ ᠰᠥᠨᠢ ᠠᠭᠲᠠ ᠮᠠᠨᠠᠬᠤ ᠡᠭᠡᠯᠵᠢ ᠲᠣᠬᠢᠶᠠᠯᠳᠤᠭᠠᠳ᠂ ᠠᠵᠢᠭᠯᠠᠪᠠᠯ ᠴᠡᠷᠢᠭ ᠦ᠋ᠳ ᠬᠣᠰᠢᠭᠠᠳ ᠭᠤᠷᠪᠠᠭᠠᠳ ᠢ᠋ᠶ᠋ᠠᠷ ᠬᠠᠵᠠᠭᠤ ᠪᠠᠷ ᠨᠢ ᠥᠩᠭᠡᠷᠡᠪᠡ᠃ ᠬᠠᠮᠤᠭ ᠤ᠋ᠨ ᠰᠡᠭᠦᠯ ᠢ᠋ᠶ᠋ᠡᠷ ᠥᠩᠭᠡᠷᠡᠵᠦ ᠶᠠᠪᠤᠭᠰᠠᠨ ᠴᠡᠷᠢᠭ ᠦ᠋ᠨ ᠳᠣᠲᠣᠷ᠎ᠠ ᠠ᠋ᠴᠠ ᠨᠢᠭᠡ ᠨᠢ ᠰᠢᠷᠴᠢᠨ ᠦ᠌ ᠳᠡᠷᠭᠡᠳᠡ ᠬᠦᠷᠴᠦ ᠢᠷᠡᠭᠡᠳ᠂ ᠰᠥᠨᠢ ᠶ᠋ᠢᠨ ᠵᠢᠪᠠᠷ ᠲᠤ᠌ ᠲᠠᠭᠠᠷᠠᠵᠤ ᠪᠡᠭᠡᠷᠡᠭᠰᠡᠨ ᠬᠤᠪᠴᠠᠰᠤ ᠬᠤᠨᠠᠷ ᠮᠠᠭᠤᠲᠠᠢ ᠰᠢᠷᠴᠢᠨ ᠢ᠋ ᠦᠷᠦ ᠡᠪᠡᠳᠴᠦ᠂
— ᠴᠢ ᠡᠨᠳᠡ ᠥᠯᠵᠡᠢ ᠬᠦᠦ ᠪᠣᠯᠵᠤ ᠶᠠᠭᠤ ᠬᠢᠬᠦ ᠨᠢ ᠪᠣᠢ? ᠪᠠᠢᠳᠠᠷᠠᠭ ᠤ᠋ᠨ ᠭᠣᠣᠯ ᠳ᠋ᠤ᠌ ᠮᠥᠩᠭᠥ ᠬᠦᠦᠯᠡᠵᠦ ᠪᠠᠶᠠᠵᠢᠭᠰᠠᠨ ᠰᠦᠷᠡᠬᠡᠢ ᠪᠠᠶᠠᠨ ᠬᠢᠲᠠᠳ ᠪᠣᠢ ᠭᠡᠨ᠎ᠡ᠃ ᠠᠳᠤᠭᠤ ᠪᠠᠨ ᠬᠤᠷᠢᠶᠠᠭᠠᠳ ᠪᠢᠳᠡᠨ ᠲᠡᠢ ᠬᠠᠮᠲᠤ ᠶᠠᠪᠤ᠃ ᠴᠢᠮᠠᠶ᠋ᠢ ᠶᠠᠪᠤᠭᠠᠳ ᠢᠷᠡᠬᠦ ᠵᠠᠭᠤᠷ᠎ᠠ ᠡᠨᠡ ᠠᠳᠤᠭᠤ ᠬᠠᠮᠢᠭ᠎ᠠ ᠬᠣᠯᠠᠳᠠᠳᠠᠭ ᠶᠤᠮ ᠪᠣᠢ᠃ ᠪᠤᠰᠢᠭᠤᠯᠠ᠂ ᠪᠢᠳᠡ ᠣᠯᠵᠠ ᠠ᠋ᠴᠠ ᠬᠣᠵᠢᠮᠳᠠᠨᠠ ᠭᠡᠵᠦ ᠰᠢᠷᠴᠢᠨ ᠦ᠌ ᠠᠳᠤᠭᠤ ᠶ᠋ᠢ ᠬᠤᠷᠢᠶᠠᠯᠴᠠᠵᠤ ᠦᠭᠭᠦᠭᠡᠳ᠂ ᠨᠥᠬᠥᠳ ᠦ᠋ᠨ ᠮᠥᠷ ᠢ᠋ᠶ᠋ᠡᠷ ᠰᠢᠷᠴᠢᠨ ᠲᠡᠢ ᠶᠠᠪᠤᠵᠠᠢ᠃ ᠪᠠᠢᠳᠠᠷᠠᠭ ᠳᠠᠬᠢ ᠬᠢᠲᠠᠳ ᠫᠦᠰᠡ ᠶ᠋ᠢᠨ ᠲᠤᠢᠫᠤᠤ ᠬᠡᠷᠡᠮ ᠲᠡᠢ᠂ ᠳᠥᠷᠪᠡᠨ ᠥᠨᠴᠥᠭ ᠲᠡᠭᠡᠨ ᠪᠢᠴᠢᠬᠠᠨ ᠠᠰᠠᠷ ᠲᠠᠢ᠂ ᠶᠠᠮᠠᠷ ᠨᠢᠭᠡᠨ ᠪᠢᠴᠢᠬᠠᠨ ᠴᠠᠢᠵᠠ ᠶ᠋ᠢᠨ ᠪᠠᠢᠳᠠᠯ ᠲᠠᠢ ᠬᠠᠰᠢᠶᠠᠨ ᠳ᠋ᠤ᠌ ᠣᠷᠣᠵᠤ ᠦᠵᠡᠪᠡᠯ᠂ ᠲᠦᠷᠦᠭᠦᠨ ᠶᠠᠪᠤᠭᠰᠠᠨ ᠨᠥᠬᠥᠳ ᠨᠢ ᠣᠪᠣᠭᠠᠯᠠᠰᠤᠲᠠᠢ(ᠣᠪᠣᠭᠠᠯᠠᠭᠠᠰᠤᠲᠠᠢ) ᠪᠠᠷᠠᠭᠠᠨ ᠤ᠋ ᠳᠡᠭᠡᠷ᠎ᠡ ᠪᠥᠭᠡᠮᠨᠡᠷᠡᠵᠡᠢ᠃ ᠲᠡᠷᠡ ᠪᠠᠷᠠᠭ᠎ᠠ ᠴᠥᠮ ᠳᠠᠯᠢᠩ ᠳᠠᠪᠤᠤ ᠪᠠᠢᠵᠠᠢ᠃ ᠠᠶᠤᠵᠤ ᠰᠠᠨᠳᠤᠷᠤᠭᠰᠠᠨ ᠪᠢᠴᠢᠭᠡᠴᠢ ᠨᠠᠷ᠂ ᠬᠠᠮᠤᠭ ᠶᠠᠭᠤᠮ᠎ᠠ ᠶ᠋ᠢ ᠤᠷᠪᠠᠭᠤᠯᠤᠨ ᠪᠤᠵᠢᠭᠢᠨᠠᠭᠤᠯᠤᠭᠰᠠᠨ ᠯᠠᠩᠭᠦᠢ᠂ ᠰᠠᠷᠠᠪᠴᠢ ᠰᠠᠪᠠ ᠪᠠᠨ ᠦᠵᠡᠭᠦᠯᠵᠦ ᠥᠷᠯᠥᠭᠡᠭᠦᠷ ᠰᠠᠢᠨ ᠨᠣᠶᠠᠨ ᠬᠠᠨ ᠤ᠋ ᠬᠤᠰᠢᠭᠤᠨ ᠤ᠋ ᠤᠯᠢᠶᠠᠰᠤᠲᠠᠢ ᠣᠷᠣᠬᠤ ᠴᠡᠷᠢᠭ ᠥᠩᠭᠡᠷᠡᠭᠡᠳ᠂ ᠪᠠᠢᠳᠠᠭ ᠮᠥᠩᠭᠥ ᠲᠣᠷᠭ᠎ᠠ ᠶ᠋ᠢ ᠠᠪᠴᠤ ᠥᠷᠢ ᠠᠪᠤᠯᠭ᠎ᠠ ᠶ᠋ᠢᠨ ᠬᠠᠮᠤᠭ ᠳᠠᠩᠰᠠ ᠰᠢᠲᠠᠭᠠᠵᠤ ᠭᠦᠢᠴᠡᠭᠰᠡᠨ ᠭᠡᠵᠦ ᠮᠣᠩᠭᠣᠯ ᠬᠢᠲᠠᠳ ᠦᠭᠡ ᠬᠣᠯᠢᠵᠤ ᠬᠤᠳᠬᠤᠨ ᠴᠢᠳᠠᠨ ᠶᠠᠳᠠᠨ ᠤᠴᠢᠷ ᠢ᠋ᠶ᠋ᠠᠨ ᠭᠠᠷᠭᠠᠪᠠ᠃ ᠪᠠᠢᠰᠢᠩ ᠤ᠋ᠨ ᠳᠣᠲᠣᠷ᠎ᠠ ᠳᠤᠯᠠᠭᠠᠨ ᠬᠠᠨᠵᠤ ᠶ᠋ᠢᠨ ᠳᠡᠭᠡᠷ᠎ᠡ ᠨᠢᠭᠡ ᠬᠢᠲᠠᠳ ᠬᠡᠢ ᠬᠥᠳᠡᠯᠵᠦ᠂ ᠰᠢᠳᠦ ᠳᠠᠪᠵᠢᠭᠢᠨᠠᠨ ᠴᠡᠴᠡᠷᠡᠵᠦ᠂ ᠰᠢᠪ ᠰᠢᠨᠡᠬᠡᠨ ᠮᠣᠩᠭᠣᠯ ᠳᠡᠪᠡᠯ ᠢ᠋ᠶ᠋ᠡᠷ ᠪᠡᠶ᠎ᠡ ᠪᠡᠨ ᠬᠤᠴᠢᠭᠠᠳ ᠬᠡᠪᠲᠡᠵᠦ ᠪᠠᠢᠭᠰᠠᠨ ᠨᠢ ᠲᠣᠷᠭ᠎ᠠ ᠮᠥᠩᠭᠥ ᠪᠡᠨ ᠠᠯᠳᠠᠵᠤ ᠬᠣᠬᠢᠷᠠᠭᠰᠠᠨ ᠥᠨᠥᠬᠢ ᠮᠥᠩᠭᠥ ᠬᠦᠦᠯᠡᠭᠴᠢ ᠫᠦᠰᠡᠨ ᠦ᠌ ᠳ᠋ᠠᠩᠵᠢᠶᠠᠳᠠ ᠠᠵᠢ᠃ ᠰᠢᠷᠴᠢᠨ᠂ ᠲᠡᠷᠡ ᠫᠦᠰᠡᠨ ᠦ᠌ ᠳᠡᠯᠭᠡᠭᠦᠷ᠂ ᠪᠠᠷᠠᠭ᠎ᠠ ᠪᠠᠨ ᠠᠭᠤᠯᠬᠤ ᠭᠠᠵᠠᠷ ᠢ᠋ ᠡᠷᠭᠢᠵᠦ ᠦᠵᠡᠭᠡᠳ᠂ ᠶᠡᠷᠦ ᠠᠪᠬᠤ ᠶᠠᠭᠤᠮ᠎ᠠ ᠣᠯᠳᠠᠭᠰᠠᠨ ᠦᠭᠡᠢ᠃ ᠢᠩᠭᠢᠵᠦ ᠶᠠᠪᠤᠲᠠᠯ᠎ᠠ ᠪᠠᠨ ᠥᠨᠥᠬᠢ ᠬᠠᠨᠵᠤᠨ ᠳᠡᠭᠡᠷ᠎ᠡ ᠬᠡᠪᠲᠡᠵᠦ ᠪᠠᠢᠭᠰᠠᠨ ᠬᠢᠲᠠᠳ ᠢ᠋ ᠰᠠᠨᠠᠭᠠᠳ᠂ ᠡᠷᠭᠢᠵᠦ ᠣᠴᠢᠭᠠᠳ ᠳᠡᠪᠡᠯ ᠢ᠋ ᠨᠢ ᠬᠣᠣ ᠲᠠᠲᠠᠭᠠᠳ᠂ ᠤᠷᠠᠩᠬᠠᠢ ᠬᠠᠭᠤᠴᠢᠨ ᠬᠠᠯᠴᠠᠭᠠᠢ ᠮᠠᠭᠤ ᠳᠡᠪᠡᠯ ᠢ᠋ᠶ᠋ᠡᠨ ᠲᠡᠷᠡ ᠬᠢᠲᠠᠳ ᠲᠤ᠌ ᠬᠠᠶᠠᠵᠤ᠂ ᠰᠢᠨ᠎ᠡ ᠳᠡᠪᠡᠯ ᠲᠡᠢ ᠪᠣᠯᠤᠭᠠᠳ ᠡᠭᠦᠳᠡᠨ ᠦ᠌ ᠲᠤᠰ ᠪᠦᠯᠦᠩ ᠳ᠋ᠦ᠍ ᠨᠢᠭᠡᠨ ᠬᠣᠣᠰ ᠣᠷᠣᠰ ᠰᠢᠨ᠎ᠡ ᠢᠰᠡᠭᠡᠢ ᠭᠤᠲᠤᠯ ᠬᠠᠳᠠᠭᠠᠰᠤᠨ ᠳ᠋ᠤ᠌ ᠡᠯᠭᠦᠭᠡᠰᠦᠲᠡᠢ ᠪᠠᠢᠭᠰᠠᠨ ᠢ᠋ ᠦᠵᠡᠭᠡᠳ ᠰᠢᠭᠦᠷᠦᠨ ᠠᠪᠴᠤ᠂ ᠵᠠ᠂ ᠮᠢᠨᠦ ᠠᠪᠬᠤ ᠶᠠᠭᠤᠮ᠎ᠠ ᠢᠩᠭᠢᠭᠡᠳ ᠪᠣᠯᠪᠠ ᠭᠡᠵᠦ ᠮᠠᠭᠤ ᠮᠠᠢᠵᠢᠭᠢ ᠭᠤᠲᠤᠯ ᠢ᠋ᠶ᠋ᠠᠨ ᠰᠣᠯᠢᠵᠤ ᠰᠢᠨ᠎ᠡ ᠳᠤᠯᠠᠭᠠᠨ ᠢᠰᠡᠭᠡᠢ ᠭᠤᠲᠤᠯ ᠡᠮᠦᠰᠦᠭᠡᠳ᠂ ᠨᠢᠭᠡ ᠬᠠᠢᠷᠴᠠᠭ ᠬᠠᠲᠠᠭᠠᠭᠰᠠᠨ ᠬᠢᠲᠠᠳ ᠪᠣᠣᠪᠣ ᠠ᠋ᠴᠠ ᠣᠯᠵᠠ ᠬᠤᠪᠢᠶᠠᠬᠤ ᠳ᠋ᠤ᠌ ᠣᠨᠣᠭᠳᠠᠭᠰᠠᠨ ᠬᠤᠪᠢ ᠪᠠᠨ ᠠᠪᠴᠤ ᠡᠪᠦᠷ ᠲᠡᠭᠡᠨ ᠬᠢᠭᠡᠳ᠂ ᠠᠭᠲᠠ ᠳᠡᠭᠡᠷ᠎ᠡ ᠪᠡᠨ ᠪᠤᠴᠠᠵᠤ ᠢᠷᠡᠪᠡ᠃
ᠰᠠᠷ᠎ᠠ ᠶ᠋ᠢᠨ ᠰᠠᠷᠠᠭᠤᠯ ᠳ᠋ᠤ᠌ ᠠᠵᠢᠭᠯᠠᠪᠠᠯ᠂ ᠴᠠᠰᠤᠲᠤ ᠲᠠᠯ᠎ᠠ ᠳ᠋ᠤ᠌ ᠡᠨᠳᠡ ᠲᠡᠨᠳᠡ ᠬᠠᠷᠠᠯᠠᠨ ᠲᠠᠷᠬᠠᠵᠤ ᠪᠡᠯᠴᠢᠭᠰᠡᠨ ᠠᠭᠲᠠ ᠠ᠋ᠴᠠ ᠭᠤᠷᠪᠠᠨ ᠠᠳᠤᠭᠤ ᠲᠠᠰᠤᠷᠠᠭᠠᠳ ᠶᠠᠪᠤᠵᠤ ᠶᠠᠪᠤᠭᠰᠠᠨ ᠨᠢ ᠰᠢᠷᠴᠢᠨ ᠦ᠌ ᠵᠠᠮ ᠳ᠋ᠤ᠌ ᠳᠠᠭᠠᠷᠢᠯᠳᠤᠵᠤ᠂ ᠲᠡᠭᠦᠨ ᠢ᠋ ᠢᠵᠢᠯᠢ ᠳ᠋ᠦ᠍ᠨᠢ ᠨᠡᠢᠯᠡᠭᠦᠯᠦᠨ ᠠᠭᠲᠠ ᠪᠠᠨ ᠪᠦᠷᠢᠳᠬᠡᠪᠡᠯ ᠲᠣᠭ᠎ᠠ ᠪᠦᠷᠢᠨ ᠪᠣᠯᠵᠠᠢ᠃
ᠲᠡᠭᠡᠬᠦ ᠳ᠋ᠦ᠍ᠨᠢ ᠰᠠᠨᠠᠭ᠎ᠠ ᠠᠮᠠᠷᠠᠵᠤ᠂ ᠮᠣᠷᠢ ᠠ᠋ᠴᠠ ᠪᠠᠨ ᠪᠠᠭᠤᠭᠠᠳ᠂ ᠳᠡᠷᠡᠰᠦᠨ ᠦ᠌ ᠨᠥᠮᠥᠷᠢ ᠳ᠋ᠦ᠍ ᠰᠠᠭᠤᠵᠤ᠂ ᠬᠥᠯᠥᠷᠡᠭᠰᠡᠨ ᠮᠣᠷᠢ ᠪᠠᠨ ᠲᠦᠷ ᠵᠣᠭᠰᠣᠭᠠᠨ ᠬᠦᠯᠢᠶᠡᠪᠡ᠃ ᠰᠢᠨ᠎ᠡ ᠳᠡᠪᠡᠯ᠂ ᠮᠣᠳᠣ ᠰᠢᠭ᠋ ᠬᠠᠲᠠᠭᠤ᠂ ᠬᠥᠬᠡ ᠬᠡ ᠲᠡᠢ᠂ ᠴᠠᠢᠪᠤᠷ ᠶᠠᠭᠠᠨ ᠢᠰᠡᠭᠡᠢ ᠭᠤᠲᠤᠯ ᠲᠤᠩ ᠴᠤ᠌ ᠳᠤᠯᠠᠭᠠᠨ ᠰᠠᠨᠠᠭᠳᠠᠵᠤ᠂ ᠬᠠᠭᠤᠴᠢᠨ ᠬᠠᠨᠵᠠᠷᠬᠠᠢ ᠭᠤᠲᠤᠯ ᠬᠠᠯᠴᠠᠷᠬᠠᠢ ᠳᠡᠪᠡᠯ ᠲᠡᠢ ᠶᠡᠷᠦ ᠵᠦᠢᠷᠯᠡᠵᠦ ᠪᠣᠯᠣᠰᠢ ᠦᠭᠡᠢ ᠪᠠᠢᠪᠠ᠃ ᠲᠡᠭᠡᠭᠡᠳ᠂ ᠳᠤᠯᠠᠭᠠᠨ ᠳᠡᠪᠡᠯ ᠭᠤᠲᠤᠯ ᠲᠠᠢ ᠪᠣᠯᠵᠤ᠂ ᠵᠢᠷᠭᠠᠨ ᠠᠮᠠᠷᠠᠵᠤ ᠰᠠᠭᠤᠬᠤ ᠳ᠋ᠠᠭᠠᠨ᠂ ᠴᠡᠷᠡᠨ ᠰᠠᠨᠠᠭᠠᠨ ᠳ᠋ᠤᠨᠢ ᠣᠷᠣᠵᠤ᠂ ᠬᠥᠮᠦᠨ ᠡᠴᠡ ᠬᠣᠣ ᠲᠡᠳᠡᠨ ᠪᠤᠯᠢᠶᠠᠵᠤ ᠠᠪᠤᠭᠰᠠᠨ ᠡᠨᠡ ᠳᠡᠪᠡᠯ᠂ ᠲᠠᠨᠢᠬᠤ ᠦᠭᠡᠢ ᠳ᠋ᠠᠩᠵᠢᠶᠠᠳᠠ(ᠳᠠᠩᠵᠢᠶᠠᠳ) ᠠ᠋ᠴᠠ ᠣᠯᠵᠠᠯᠠᠵᠤ ᠠᠪᠤᠭᠰᠠᠨ ᠡᠨᠡ ᠭᠤᠲᠤᠯ ᠡᠮᠦᠰᠦᠭᠡᠳ ᠢᠩᠭᠢᠭᠡᠳ ᠰᠠᠭᠤᠵᠤ ᠪᠠᠢᠬᠤ ᠶ᠋ᠢ ᠮᠢᠨᠢ ᠦᠵᠡᠪᠡᠯ᠂ ᠨᠠᠮᠠᠶ᠋ᠢ ᠶᠠᠭᠤ ᠭᠡᠬᠦ ᠰᠠᠨ ᠪᠣᠯ ᠠ᠋ ᠭᠡᠵᠦ ᠪᠣᠳᠣᠪᠠ᠃
ᠦᠰᠦᠭ ᠠᠮᠢᠯᠠᠭᠤᠯᠤᠭᠴᠢ᠄ ᠣᠶᠤᠨᠪᠠᠲᠤ᠂ ᠤᠢᠭᠤᠷᠵᠢᠨ·ᠣᠳᠬᠣᠨᠪᠠᠪᠠ᠂ ᠰᠠᠷᠠᠨᠲᠤᠶᠠᠭ᠎ᠠ᠂ ᠮᠧᠢ ᠬᠤᠸᠠ᠂ ᠣᠶᠤᠨᠪᠢᠯᠢᠭ᠌
ᠬᠢᠨᠠᠭᠴᠢ᠄ ᠣᠳᠬᠣᠨᠴᠡᠴᠡᠭ᠂ ᠤᠢᠭᠤᠷᠵᠢᠨ· ᠣᠳᠬᠣᠨᠪᠠᠪᠠ᠂ ᠮᠥᠩᠭᠥᠨᠭᠣᠸ᠎ᠠ᠂ ᠪᠠᠯ
ᠤᠩᠰᠢᠭᠴᠢ᠄ ᠨᠠᠰᠤᠨ᠌ᠦ᠌ᠯᠵᠡᠢ
