ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠳᠣᠯᠣᠭ᠎ᠠ Үүрийн туяа II – Б ᠂ Ренчин Хоёрдугаар дэвтэр "Гал усны гашуун зовлон"-7 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠳᠣᠯᠣᠭ᠎ᠠ Үүрийн туяа II – Б ᠂ Ренчин Хоёрдугаар дэвтэр "Гал усны гашуун зовлон"-7

ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠳᠣᠯᠣᠭ᠎ᠠ Үүрийн туяа II – Б ᠂ Ренчин Хоёрдугаар дэвтэр "Гал усны гашуун зовлон"-7

ᠠᠩᠭᠢᠯᠠᠯ:ᠲᠤᠭᠤᠵᠢ ᠷᠣᠮᠠᠨ
2025-01-02

336

ᠳᠣᠯᠣᠭ᠎ᠠ᠂ ᠰᠠᠢᠨ ᠨᠥᠬᠥᠳ ᠤᠴᠠᠷᠠᠨ ᠵᠣᠯᠭᠠᠪᠠ

  
                ᠬᠡᠴᠢᠨᠡᠨ ᠭᠡᠷᠦᠨ ᠲᠠᠨᠤᠪᠠᠴᠤ ᠪᠢᠳᠡ᠂   
                ᠬᠡᠵᠢᠶᠡᠳᠡ ᠦᠨᠡᠨ ᠢ᠋ᠶ᠋ᠡᠨ ᠣᠯᠬᠤ ᠨᠢᠭᠡᠨ ᠴᠠᠭ᠂  
                ᠡᠷᠬᠡᠪᠰᠢ ᠪᠠᠢᠬᠤ ᠪᠠᠢᠭ᠎ᠠ ᠭᠡᠵᠦ ᠪᠢᠳᠡ᠂   
                ᠡᠭᠡᠨᠡᠭᠲᠡ ᠪᠠᠲᠤ ᠨᠤᠲᠠ ᠮᠡᠳᠡᠳᠡᠭ ᠪᠢᠯᠡ᠃    
                                      ᠶᠠᠺᠣᠪ ᠺᠣᠯᠠᠰ *   

       ᠬᠦᠷᠢᠶᠡᠨ ᠦ᠌ ᠵᠠᠬ᠎ᠠ ᠵᠡᠭᠡᠯᠢ ᠶᠡᠬᠡᠯ᠎ᠡ ᠬᠥᠯ ᠦᠢᠮᠡᠭᠡᠨ ᠲᠡᠢ᠂ ᠡᠷᠢᠶᠡᠨ ᠮᠡᠷᠢᠶᠡᠨ ᠳᠡᠪᠡᠯ ᠲᠡᠢ ᠲᠠᠩᠭᠤᠳ ᠲᠥᠪᠡᠳ ᠲᠠᠪᠤᠨ ᠬᠡᠯᠡ ᠶ᠋ᠢᠨ ᠠᠮᠢᠲᠠᠨ ᠪᠤᠵᠢᠭᠢᠨᠠᠨ ᠦᠢᠮᠡᠳᠡᠭ ᠭᠠᠵᠠᠷ ᠠᠵᠢ᠃ 
       ᠶᠡᠬᠡ ᠰᠠᠢᠬᠠᠨ ᠤᠲᠠᠰᠤ ᠲᠠᠢ ᠭᠤᠲᠤᠯ ᠲᠠᠢ᠂ ᠭᠢᠯᠠᠯᠵᠠᠭᠰᠠᠨ ᠰᠠᠢᠬᠠᠨ ᠲᠣᠷᠭᠠᠨ ᠳᠡᠪᠡᠯ ᠢ᠋ᠶ᠋ᠡᠨ ᠥᠷᠭᠡᠨ ᠳᠤᠷᠳᠤᠩ ᠪᠦᠰᠡ ᠪᠡᠷ ᠱᠠᠪᠬᠢᠲᠠᠯ᠎ᠠ ᠪᠦᠰᠡᠯᠡᠭᠰᠡᠨ᠂ ᠰᠤᠪᠤᠳ ᠮᠥᠩᠭᠥᠨ ᠴᠢᠮᠡᠭ ᠦᠰᠦᠨ ᠦ᠌ ᠳᠠᠷᠤᠭᠤᠯᠭ᠎ᠠ ᠭᠢᠯᠠᠯᠵᠠᠭᠤᠯᠤᠭᠰᠠᠨ ᠬᠦᠷᠢᠶᠡᠨ ᠦ᠌ ᠭᠠᠩᠭᠠᠩ ᠭᠠᠩᠭᠠᠩ ᠬᠡᠦᠬᠡᠨ ᠬᠡᠳᠦ ᠬᠡᠳᠦ ᠪᠡᠷ ᠨᠡᠢᠯᠡᠨ᠂ ᠳᠡᠯᠭᠡᠭᠦᠷ ᠢ᠋ ᠵᠠᠬ᠎ᠠ ᠠ᠋ᠴᠠ ᠨᠢ ᠳᠠᠷᠠᠭᠠᠯᠠᠨ ᠰᠢᠪᠲᠤᠷᠴᠤ᠂ ᠬᠣᠭᠣᠷᠣᠨᠳᠣ ᠪᠠᠨ ᠨᠠᠷᠭᠢᠶᠠᠨᠲᠠᠢ ᠱᠣᠭ ᠲᠠᠢ ᠦᠭᠡ ᠬᠡᠯᠡᠯᠴᠡᠨ ᠵᠠᠬ᠎ᠠ ᠶ᠋ᠢᠨ ᠬᠤᠭᠤᠷᠴᠢ ᠨᠠᠷ ᠢ᠋ ᠲᠣᠭᠣᠷᠢᠨ ᠬᠤᠭᠤᠷᠳᠠᠬᠤ ᠶ᠋ᠢ ᠨᠢ ᠰᠣᠨᠣᠰᠴᠤ ᠬᠡᠯᠡᠨᠴᠡᠷ ᠠᠮᠠᠨᠴᠠᠷ ᠬᠡᠦᠬᠡᠨ ᠨᠦ᠍ᠭᠦᠳ᠂ ᠬᠤᠭᠤᠷᠴᠢ ᠨᠠᠷ ᠲᠠᠢ ᠤᠷᠠᠨ ᠦᠭᠡ ᠶ᠋ᠢᠨ ᠲᠡᠮᠡᠴᠡᠭᠡᠨ ᠶᠠᠪᠤᠭᠤᠲᠠ ᠶᠠᠪᠤᠭᠤᠲᠠ ᠬᠢᠵᠦ ᠲᠣᠯᠣᠭᠠᠢ ᠬᠣᠯᠪᠣᠭᠰᠠᠨ ᠬᠣᠱᠣᠩ ᠬᠣᠯᠪᠣᠭ᠎ᠠ ᠦᠭᠡ ᠬᠡᠯᠡᠯᠴᠡᠨ ᠵᠤᠭᠠᠲᠠᠢ ᠬᠥᠬᠡᠭᠦᠨ ᠢ᠋ᠶ᠋ᠡᠷ ᠢᠨᠢᠶᠡᠯᠴᠡᠮᠦᠢ᠃ ᠰᠠᠨᠠᠭ᠎ᠠ ᠠᠮᠤᠷ ᠰᠠᠢᠬᠠᠨ ᠴᠢᠷᠠᠢ ᠲᠠᠢ᠂ ᠵᠠᠯᠠᠭᠤ ᠶ᠋ᠢᠨ ᠴᠣᠭ ᠪᠠᠳᠠᠷᠠᠭᠰᠠᠨ ᠡᠮᠡᠭᠲᠡᠢᠴᠦᠳ ᠦ᠋ᠨ ᠬᠠᠵᠠᠭᠤ ᠪᠠᠷ᠂ ᠪᠠᠰᠠ ᠲᠥᠪᠡᠳ ᠡᠮᠴᠢ ᠨᠠᠷ ᠤ᠋ᠨ ᠬᠦᠴᠦ ᠬᠦᠷᠳᠡᠭ ᠦᠭᠡᠢ ᠪᠡᠷᠬᠡ ᠡᠪᠡᠳᠴᠢᠨ ᠳ᠋ᠦ᠍ ᠬᠠᠮᠠᠷ ᠢ᠋ᠶ᠋ᠠᠨ ᠴᠣᠭᠣ ᠢᠳᠡᠭᠦᠯᠦᠭᠰᠡᠨ ᠪᠥᠭᠴᠥᠭᠡᠷ ᠬᠥᠮᠦᠨ ᠠᠮᠢᠲᠠᠨ ᠡᠨᠳᠡ ᠲᠡᠨᠳᠡ ᠦᠭᠡᠢ ᠦᠵᠡᠭᠳᠡᠵᠦ᠂ ᠬᠤᠪᠴᠠᠰᠤᠨ ᠤ᠋ ᠴᠣᠭᠤᠷᠤᠬᠠᠢ ᠪᠠᠷ ᠬᠦᠢᠲᠡᠨ ᠳ᠋ᠦ᠍ ᠪᠡᠭᠡᠷᠡᠵᠦ ᠬᠥᠬᠡ ᠴᠤᠯᠭᠤᠢ ᠪᠣᠯᠤᠭᠰᠠᠨ ᠪᠡᠶ᠎ᠡ ᠲᠡᠢ ᠤᠷᠠᠩᠬᠠᠢ ᠳᠡᠪᠡᠯ ᠲᠡᠢ ᠭᠤᠢᠯᠢᠨᠴᠢᠨ ᠴᠠᠰᠢ ᠨᠡᠰᠢ ᠰᠡᠯᠡᠭᠦᠴᠡᠨ ᠶᠠᠪᠤᠮᠤᠢ᠃  
       ᠰᠢᠷ᠎ᠠ ᠤᠯᠠᠭᠠᠨ ᠳᠡᠪᠡᠯ ᠲᠡᠢ ᠭᠣᠶᠣ ᠠᠲᠤᠷᠢᠶ᠎ᠠ ᠪᠣᠯᠤᠭᠰᠠᠨ ᠤᠯᠠᠭᠠᠨ ᠬᠦᠷᠡᠩ ᠲᠣᠷᠭᠠᠮᠰᠤᠭ ᠣᠷᠬᠢᠮᠵᠢ ᠲᠠᠢ ᠬᠥᠳᠡᠯᠬᠦ ᠠᠯᠬᠤᠬᠤ ᠳ᠋ᠠᠭᠠᠨ ᠶᠠᠭᠠᠷᠠᠯ ᠦᠭᠡᠢ ᠡᠷᠬᠢᠮᠰᠦᠭ ᠯᠠᠮᠠ ᠨᠠᠷ᠂ ᠭᠤᠢᠯᠢᠨᠴᠢᠨ ᠨᠣᠬᠠᠢ ᠬᠣᠶᠠᠷ ᠠ᠋ᠴᠠ ᠢᠷᠪᠠᠢᠨ ᠵᠠᠢᠯᠠᠰᠬᠢᠵᠦ᠂ ᠬᠠᠶᠠ ᠭᠠᠭᠴᠠ ᠨᠢᠭᠡᠨ ᠳ᠋ᠠᠩᠵᠢᠶᠠᠳᠠ ᠶ᠋ᠢᠨ ᠳᠡᠯᠭᠡᠭᠦᠷ ᠲᠦ᠍ ᠭᠡᠢᠭᠦᠯᠦᠨ ᠣᠷᠣᠮᠤᠢ᠃ 
       ᠨᠣᠣᠷᠬᠠᠢ ᠬᠤᠪᠴᠠᠰᠤ ᠲᠠᠢ ᠴᠡᠷᠢᠭ᠂ ᠶᠠᠳᠠᠭᠤ ᠪᠠᠨᠳᠢ ᠨᠠᠷ ᠵᠠᠬ᠎ᠠ ᠠ᠋ᠴᠠ ᠮᠢᠬ᠎ᠠ ᠲᠡᠷᠢᠭᠦᠲᠡᠨ ᠢ᠋ ᠡᠭᠦᠷᠴᠦ ᠠᠶᠠᠭ᠎ᠠ ᠬᠣᠭᠣᠯᠠᠨ ᠳ᠋ᠠᠭᠠᠨ ᠨᠡᠮᠡᠷᠢ ᠪᠣᠯᠭᠠᠬᠤ ᠭᠡᠵᠦ ᠬᠣᠨᠢᠨ ᠤ᠋ ᠮᠢᠬ᠎ᠠ ᠭᠦᠵᠡᠭᠡ ᠲᠡᠢ ᠰᠢᠷ᠎ᠠ ᠲᠣᠰᠣ ᠳᠠᠭᠠᠭᠠᠵᠤ ᠶᠠᠳᠠᠲᠠᠯ᠎ᠠ ᠪᠠᠨ ᠡᠭᠦᠷᠴᠦ᠂ ᠮᠢᠬ᠎ᠠ ᠲᠣᠰᠣ ᠠᠪᠤᠭᠰᠠᠨ ᠬᠥᠮᠦᠨ ᠦ᠌ ᠬᠣᠢᠨ᠎ᠠ ᠠ᠋ᠴᠠ ᠪᠥᠬᠥᠢᠨ ᠠᠯᠬᠤᠵᠤ ᠶᠠᠪᠤᠨᠠᠮ᠃  
       ᠨᠢᠳᠤᠷᠭ᠎ᠠ ᠪᠠᠭᠤᠯᠭᠠᠭᠰᠠᠨ ᠤᠷᠲᠤ ᠬᠠᠨᠴᠤ (ᠬᠠᠨᠴᠤᠢ) ᠲᠠᠢ ᠳᠤᠯᠠᠭᠠᠨ ᠨᠡᠬᠡᠢ ᠳᠡᠪᠡᠯ ᠲᠡᠢ ᠬᠥᠳᠡᠭᠡ ᠶ᠋ᠢᠨ ᠤᠯᠤᠰ ᠨᠢᠳᠦᠨ ᠳ᠋ᠡᠭᠡᠨ ᠲᠣᠷᠤᠭᠰᠠᠨ ᠡᠨᠡ ᠲᠡᠷᠡ ᠪᠠᠷᠠᠭᠠᠨ ᠤ᠋ ᠦᠨ᠎ᠡ ᠶ᠋ᠢ ᠠᠰᠠᠭᠤᠵᠤ᠂ ᠶᠠᠭᠠᠷᠠᠯ ᠦᠭᠡᠢ ᠦᠨ᠎ᠡ ᠬᠠᠶᠠᠯᠴᠠᠨ᠂ ᠰᠡᠳᠬᠢᠯ ᠳ᠋ᠦ᠍ ᠲᠠᠭᠠᠷᠠᠭᠰᠠᠨ ᠶᠠᠭᠤᠮ᠎ᠠ ᠶ᠋ᠢ ᠬᠡᠳᠦ ᠬᠡᠳᠦ ᠦᠨ᠎ᠡ ᠥᠭᠴᠦ ᠡᠴᠦᠰ ᠲᠦ᠋ᠨᠢ ᠡᠷᠭᠢᠵᠦ ᠢᠷᠡᠭᠡᠳ ᠠᠪᠤᠨ᠎ᠠ ᠭᠡᠵᠦ ᠠᠯᠭᠤᠷᠯᠠᠨ ᠶᠠᠪᠤᠭ᠎ᠠ ᠶ᠋ᠢ ᠦᠵᠡᠪᠡᠯ᠂ ᠶᠠᠪᠠᠭᠠᠨ ᠶᠠᠪᠤᠵᠤ ᠰᠤᠷᠤᠭ᠎ᠠ ᠦᠭᠡᠢ ᠬᠥᠮᠦᠨ ᠦ᠌ ᠪᠠᠢᠳᠠᠯ ᠢᠯᠡᠷᠬᠡᠢ᠂ ᠡᠪᠦᠳᠦᠭ ᠢ᠋ᠶ᠋ᠡᠨ ᠨᠤᠭᠤᠯᠤᠰᠬᠢᠨ ᠠᠯᠬᠤᠬᠤ ᠭᠢᠰᠬᠢᠬᠦ ᠨᠢ ᠨᠦᠰᠡᠷ ᠠᠵᠢ᠃ ᠳᠡᠯᠭᠡᠭᠦᠷ ᠦ᠋ᠨ ᠡᠭᠦᠳᠡᠨ ᠳ᠋ᠦ᠍ ᠭᠤᠢᠯᠠᠭᠠᠮᠵᠢ ᠪᠠᠨᠳᠢ ᠨᠠᠷ᠂ ᠰᠣᠨᠣᠰᠤᠭᠰᠠᠨ ᠠᠮᠢᠲᠠᠨ ᠪᠦᠭᠦᠳᠡ ᠶ᠋ᠢ ᠲᠠᠮᠤ ᠶ᠋ᠢᠨ ᠵᠣᠪᠠᠯᠠᠩ ᠠ᠋ᠴᠠ ᠲᠣᠨᠢᠯᠭᠠᠭᠴᠢ ᠳᠣᠷᠵᠢ ᠵᠤᠳᠪᠠ ᠭᠡᠳᠡᠭ ᠭᠦᠯᠭᠡᠨ ᠰᠤᠳᠤᠷ ᠢ᠋ ᠭᠤᠩᠰᠢᠶ᠎ᠠ ᠥᠨᠳᠥᠷ ᠳᠠᠭᠤᠨ ᠢ᠋ᠶ᠋ᠠᠷ ᠤᠩᠰᠢᠵᠤ᠂ ᠬᠠᠵᠠᠭᠤ ᠪᠠᠷ ᠭᠠᠷᠬᠤ ᠬᠥᠮᠦᠨ ᠲᠡᠳᠡᠨ ᠦ᠌ ᠡᠪᠦᠷ ᠳᠡᠭᠡᠷ᠎ᠡ ᠳᠥᠷᠪᠡᠯᠵᠢᠨ ᠨᠦᠬᠡᠲᠡᠢ ᠭᠠᠤᠯᠢᠨ ᠵᠣᠭᠣᠰ᠂ ᠣᠷᠣᠰ ᠤᠯᠠᠭᠠᠨ ᠵᠡᠰ ᠮᠥᠩᠭᠥ ᠬᠠᠩᠭᠢᠷ ᠵᠢᠩᠭᠢᠷ ᠬᠠᠶᠠᠯᠠᠵᠤ ᠪᠠᠢᠨᠠᠮ᠃ 
       ᠶᠡᠬᠡᠮᠰᠦᠭ ᠪᠠᠢᠳᠠᠯ ᠲᠠᠢ᠂ ᠬᠥᠬᠡ ᠴᠢᠷᠠᠢ ᠲᠠᠢ ᠲᠠᠩᠭᠤᠳ ᠲᠥᠪᠡᠳ ᠬᠤᠳᠠᠯᠳᠤᠭᠠᠴᠢᠨ᠂ ᠴᠣᠭ ᠲᠠᠢ ᠬᠣᠪᠣᠩ ᠤ᠋ᠨ ᠡᠮᠦᠨ᠎ᠡ ᠬᠥᠷᠥᠭ ᠪᠤᠷᠬᠠᠨ ᠰᠢᠭ᠋ ᠣᠭᠲᠣ ᠬᠥᠳᠡᠯᠦᠯ ᠦᠭᠡᠢ ᠰᠠᠭᠤᠵᠤ᠂ ᠡᠮᠦᠨᠡᠭᠦᠷ ᠨᠢ ᠥᠩᠭᠡᠷᠡᠬᠦ ᠣᠯᠠᠨ ᠠᠮᠢᠲᠠᠨ ᠢ᠋ ᠠᠵᠢᠭ ᠲᠣᠭᠣᠮᠰᠠᠷ ᠦᠭᠡᠢ ᠬᠠᠷᠠᠵᠤ᠂ ᠶᠠᠭᠤᠮ᠎ᠠ ᠠᠪᠬᠤ ᠦᠭᠡᠢ ᠮᠥᠷᠲᠡᠭᠡᠨ ᠡᠨᠡ ᠲᠡᠷᠡ ᠳᠡᠮᠡᠢ ᠦᠨ᠎ᠡ ᠦᠭᠡ ᠠᠰᠠᠭᠤᠵᠤ ᠶᠠᠪᠤᠳᠠᠭ ᠬᠥᠮᠦᠨ᠂ ᠶᠠᠭᠤᠮ᠎ᠠ ᠭᠤᠶᠤᠭᠠᠳ ᠰᠠᠯᠳᠠᠭ ᠦᠭᠡᠢ ᠭᠤᠢᠯᠢᠨᠴᠢᠨ ᠮᠡᠲᠦᠰ ᠢ᠋ ᠣᠭᠲᠣ ᠲᠣᠭᠣᠬᠤ ᠦᠭᠡᠢ᠂ ᠨᠢᠳᠦᠨ ᠦ᠌ ᠴᠠᠭᠠᠨ ᠢ᠋ᠶ᠋ᠠᠷ ᠢ᠋ᠶ᠋ᠠᠨ ᠦᠵᠡᠨᠡᠮ᠃ ᠦᠨᠡᠬᠡᠷ ᠶᠠᠭᠤᠮ᠎ᠠ ᠠᠪᠬᠤ ᠬᠥᠮᠦᠨ ᠢ᠋ ᠣᠷᠣᠵᠤ ᠢᠷᠡᠮᠡᠭᠴᠡ ᠰᠡᠷᠭᠡᠵᠦ ᠬᠥᠳᠡᠯᠭᠡᠭᠡ ᠣᠷᠣᠭᠠᠳ ᠡᠳ᠋ ᠢ᠋ᠶ᠋ᠡᠨ ᠡᠷᠭᠦᠨ ᠮᠠᠭᠲᠠᠵᠤ᠂ ᠨᠠᠷᠠ ᠪᠠᠢᠨ᠎ᠠ᠂ ᠪᠢ ᠦᠨᠡᠨ ᠦᠭᠡ ᠬᠡᠯᠡᠵᠦ ᠪᠠᠢᠨ᠎ᠠ ᠭᠡᠵᠦ ᠨᠠᠷᠠ ᠶ᠋ᠢ ᠭᠡᠷᠡᠴᠢ ᠲᠡᠳᠡᠨ ᠬᠡᠯᠡᠯᠴᠡᠵᠦ᠂ ᠠᠪᠤᠭᠰᠠᠨ ᠡᠵᠡᠨ ᠳ᠋ᠡᠭᠡᠨ ᠲᠤᠰᠠ ᠪᠣᠯᠲᠤᠭᠠᠢ ᠭᠡᠵᠦ ᠬᠤᠳᠠᠯᠳᠤᠭᠰᠠᠨ ᠶᠠᠭᠤᠮ᠎ᠠ ᠶ᠋ᠢ ᠢᠷᠥᠭᠡᠨ ᠥᠭᠬᠦ ᠵᠡᠷᠭᠡ ᠪᠡᠷ ᠲᠥᠪᠡᠳ ᠨᠤᠲᠤᠭ ᠤ᠋ᠨ ᠢ᠋ᠶ᠋ᠠᠨ ᠠᠷᠠᠯᠵᠢᠶ᠎ᠠ ᠮᠠᠢᠮᠠᠢ ᠶ᠋ᠢᠨ ᠶᠣᠰᠣ ᠶ᠋ᠢ ᠰᠢᠷᠬᠡᠭ ᠳᠠᠷᠠᠭᠠᠯᠠᠨ ᠭᠦᠢᠴᠡᠳᠬᠡᠳᠡᠭ ᠪᠠᠢᠨᠠᠮ᠃ ᠯᠠᠩᠭᠦᠢ ᠨᠦ᠍ᠭᠦᠳ ᠨᠢ ᠰᠢᠯ ᠲᠡᠢ ᠬᠠᠢᠷᠴᠠᠭ ᠲᠤ᠌ ᠬᠤᠪᠠ᠂ ᠰᠤᠪᠤᠳ᠂ ᠰᠢᠵᠢᠷ ᠠᠯᠲᠠ᠂ ᠱ᠌ᠢᠷᠦ᠂ ᠣᠭ᠌ᠶᠤ᠂ ᠨᠣᠮᠢᠨ ᠬᠥᠬᠡ ᠤᠯᠠᠭᠠᠨ ᠴᠢᠯᠠᠭᠤᠨ ᠡᠷᠳᠡᠨᠢ᠂ ᠨᠠᠯ ᠡᠷᠳᠡᠨᠢ᠂ ᠴᠠᠰᠤᠳᠠᠨ ᠣᠷᠣᠨ ᠤ᠋ ᠤᠷᠠᠴᠤᠳ ᠤ᠋ᠨ ᠪᠦᠲᠦᠭᠡᠭᠰᠡᠨ ᠠᠯᠲᠠᠨ ᠮᠥᠩᠭᠥᠨ ᠲᠣᠪᠣᠢᠮᠠᠯ ᠡᠷᠳᠡᠨᠢ ᠶ᠋ᠢᠨ ᠴᠢᠯᠠᠭᠤ ᠰᠢᠭᠢᠳᠬᠡᠭᠰᠡᠨ ᠭᠢᠯᠠᠯᠵᠠᠭᠰᠠᠨ ᠰᠠᠢᠬᠠᠨ ᠹᠠᠯᠠᠨ ᠭᠦᠶᠦᠯᠭᠡᠭᠰᠡᠨ ᠭᠣᠣ᠂ ᠮᠠᠨᠢ ᠲᠠᠲᠠᠬᠤ ᠵᠤᠷᠭᠠᠲᠠᠢ ᠮᠣᠳᠣᠨ ᠡᠷᠢᠭᠡ᠂ ᠶᠠᠰᠤ ᠰᠢᠭ᠋ ᠬᠠᠲᠠᠭᠤ ᠪᠤᠷᠴᠠᠭ ᠰᠢᠭ᠋ ᠪᠥᠭᠡᠷᠡᠩᠬᠡᠢ ᠭᠢᠯᠠᠭᠠᠷ ᠪᠣᠳᠢᠽᠠ ᠡᠷᠢᠭᠡ᠂ ᠬᠤᠪᠠ᠂ ᠰᠤᠪᠤᠳ᠂ ᠱ᠌ᠢᠷᠦᠨ ᠡᠷᠢᠭᠡ᠂ ᠠᠷᠵᠠᠭᠠᠷ ᠪᠠᠽᠠᠷᠷᠠᠭᠴᠠ ᠡᠷᠢᠭᠡ᠂ ᠠᠭᠠᠷᠤ ᠽᠠᠨᠳᠠᠨ ᠰᠠᠢᠬᠠᠨ ᠦᠨᠦᠷ ᠬᠠᠩᠬᠤᠯᠤᠭᠰᠠᠨ ᠡᠷᠢᠭᠡ᠂ ᠠᠷᠰᠯᠠᠨ ᠵᠠᠭᠠᠨ ᠤ᠋ ᠰᠣᠶᠣᠭ᠎ᠠ ᠪᠠᠷ ᠬᠢᠭᠰᠡᠨ ᠡᠷᠢᠭᠡ᠂ ᠪᠠᠰᠠ ᠯᠠᠮᠠ ᠨᠠᠷ ᠤ᠋ᠨ ᠬᠡᠯᠡᠳᠡᠭ ᠢ᠋ᠶ᠋ᠡᠷ᠂ ᠨᠢᠭᠡ ᠬᠥᠮᠦᠨ ᠦ᠌ ᠭᠠᠪᠠᠯᠠ ᠠ᠋ᠴᠠ ᠨᠢᠭᠡ ᠪᠥᠭᠡᠷᠡᠩᠬᠡᠢ ᠶᠠᠰᠤ ᠠᠪᠴᠤ ᠨᠢᠭᠡ ᠡᠷᠢᠬᠡᠨ ᠳ᠋ᠦ᠍ ᠵᠠᠭᠤᠨ ᠨᠠᠢ᠍ᠮᠠᠨ ᠬᠥᠮᠦᠨ ᠦ᠌ ᠲᠣᠯᠣᠭᠠᠢ ᠶ᠋ᠢᠨ ᠶᠠᠰᠤ ᠪᠠᠷ ᠪᠦᠷᠢᠳᠳᠡᠭ ᠲᠠᠷᠨᠢ ᠤᠷᠢᠬᠤ ᠳ᠋ᠤ᠌ ᠬᠡᠷᠡᠭᠯᠡᠳᠡᠭ ᠭᠠᠪᠠᠯᠠ ᠡᠷᠢᠭᠡ᠂ ᠮᠥᠨ ᠭᠠᠪᠠᠯᠠ ᠠᠶᠠᠭ᠎ᠠ᠂ ᠭᠠᠪᠠᠯᠠ ᠳᠠᠮᠠᠷᠤ ᠦᠵᠡᠭᠳᠡᠨ᠂ ᠳᠡᠯᠭᠡᠭᠦᠷ ᠦ᠋ᠨ ᠭᠦᠨ ᠡᠲᠡᠭᠡᠳ ᠳᠠᠬᠢ ᠲᠠᠭᠲᠤ ᠵᠣᠴᠢ ᠨᠠᠷ ᠤ᠋ᠨ ᠬᠡᠷᠡᠭᠯᠡᠳᠡᠭ ᠬᠥᠮᠦᠨ ᠦ᠌ ᠴᠢᠮᠥᠭᠡᠨ ᠢ᠋ᠶ᠋ᠡᠷ ᠬᠢᠭᠰᠡᠨ ᠭᠠᠩᠯᠢᠩ ᠪᠦᠷᠢᠶ᠎ᠡ᠂ ᠭᠦᠷᠢᠮᠴᠢ ᠶ᠋ᠢᠨ ᠬᠡᠷᠡᠭᠯᠡᠳᠡᠭ ᠬᠠᠷ᠎ᠠ ᠡᠪᠡᠷ ᠰᠡᠢᠯᠦᠮᠡᠯ ᠲᠤᠩᠷᠠ ᠬᠦᠷᠡᠯ ᠫᠦᠷᠪᠦ ᠭᠡᠳᠡᠭ ᠭᠤᠷᠪᠠᠯᠵᠢᠨ ᠱᠣᠷᠣ ᠬᠢᠲᠤᠭ᠎ᠠ ᠵᠡᠷᠭᠡ ᠶᠠᠭᠤᠮ᠎ᠠ᠂ ᠬᠦᠷᠡᠯ ᠬᠣᠩᠬᠣ ᠸᠴᠢᠷ ᠮᠥᠩᠭᠥᠨ ᠴᠢᠮᠡᠭ ᠲᠡᠢ ᠬᠦᠷᠡᠩ ᠽᠠᠨᠳᠠᠨ ᠪᠢᠰᠬᠢᠭᠦᠷ᠂ ᠲᠤᠩ ᠪᠦᠷᠢᠶ᠎ᠡ᠂ ᠲᠣᠪᠣᠢᠮᠠᠯ ᠮᠥᠩᠭᠥᠨ ᠴᠢᠮᠡᠭ ᠲᠡᠢ ᠲᠣᠩᠭᠠᠷ ᠶᠡᠢᠴᠢᠯ ᠪᠦᠷᠢᠶ᠎ᠡ᠂ ᠠᠯᠲᠠᠨ ᠮᠥᠩᠭᠥᠨ ᠴᠥᠭᠥᠴᠡ ᠨᠠᠢ᠍ᠮᠠᠨ ᠲᠠᠬᠢᠯ᠂ ᠰᠦᠮᠪᠦᠷ ᠶᠡᠬᠡ ᠠᠭᠤᠯᠠ ᠶ᠋ᠢᠨ ᠳᠥᠷᠪᠡᠨ ᠲᠠᠯ᠎ᠠ ᠪᠠᠷ ᠪᠣᠢ ᠲᠢᠪ ᠢ᠋ ᠳᠦᠷᠰᠦᠯᠡᠭᠰᠡᠨ ᠮᠥᠩᠭᠥᠨ ᠮᠠᠨᠳᠠᠯ᠂ ᠨᠠᠷᠠᠨ ᠤ᠋ ᠮᠠᠨᠳᠠᠯ ᠢ᠋ ᠳᠦᠷᠰᠦᠯᠡᠭᠰᠡᠨ ᠬᠦᠷᠡᠯ ᠠᠯᠲᠠ ᠮᠥᠩᠭᠥ ᠮᠥᠨ ᠠᠯᠲᠠ ᠰᠢᠷᠠᠭᠰᠠᠨ ᠵᠡᠰ ᠲᠣᠯᠢ ᠮᠠᠲᠠᠷ ᠤ᠋ᠨ ᠲᠣᠯᠣᠭᠠᠢ ᠳᠦᠷᠰᠦᠯᠡᠭᠰᠡᠨ ᠤᠷᠲᠤ ᠬᠣᠰᠢᠭᠤᠲᠠᠢ ᠯᠤᠤ ᠪᠠᠷᠢᠭᠤᠯ ᠲᠠᠢ ᠮᠥᠩᠭᠥᠨ ᠬᠡ ᠲᠡᠢ ᠵᠡᠰ᠂ ᠮᠥᠨ ᠠᠯᠲᠠᠨ ᠬᠡ ᠲᠡᠢ ᠮᠥᠩᠭᠥᠨ ᠪᠤᠮᠪᠠ ᠰᠢᠯ ᠰᠤᠪᠤᠭᠰᠠᠨ ᠤᠭᠠᠯᠵᠠ ᠲᠠᠢ ᠲᠣᠭᠣᠰ ᠤ᠋ᠨ ᠥᠳᠥ ᠪᠡᠷ ᠬᠢᠭᠰᠡᠨ ᠴᠠᠪᠳᠤᠭᠤᠷ (ᠴᠠᠪᠳᠠᠭᠤᠷ) ᠤ᠋ᠨ ᠴᠢᠮᠡᠭ ᠠᠯᠤᠰ ᠬᠣᠯᠠ ᠡᠨᠡᠳᠬᠡᠭ ᠭᠠᠵᠠᠷ ᠤ᠋ᠨ ᠣᠯᠳᠠᠬᠤᠶ᠎ᠠ ᠪᠡᠷᠬᠡ ᠤᠳᠠᠮᠪᠠᠷ(ᠤᠳᠤᠮᠪᠠᠷᠠ)᠂ ᠮᠠᠯᠯᠢᠭ᠎ᠠ ᠵᠠᠮᠪᠠᠭ᠎ᠠ ᠶ᠋ᠢᠨ ᠴᠡᠴᠡᠭ ᠬᠠᠴᠢ ᠭᠦᠷᠭᠦᠮ᠂ ᠳᠣᠮᠲᠢ ᠭᠡᠳᠡᠭ ᠪᠠᠭᠠᠪᠠᠭᠠᠢ ᠶ᠋ᠢᠨ ᠰᠥᠰᠥ᠂ ᠲᠥᠪᠡᠳ ᠯᠠᠷᠵᠠ ᠭᠡᠳᠡᠭ ᠬᠦᠳᠡᠷᠢ ᠶ᠋ᠢᠨ ᠵᠠᠭᠠᠷ᠂ ᠦᠨ᠎ᠡ ᠶᠡᠬᠡᠲᠦ ᠬᠣᠪᠣᠷ ᠬᠥᠮᠦᠨ ᠣᠷᠬᠣᠳᠠᠢ ᠭᠡᠳᠡᠭ ᠡᠮ ᠦ᠋ᠨ ᠦᠨᠳᠦᠰᠦ᠂ ᠦᠨᠦᠷ ᠢ᠋ ᠠᠪᠬᠤ ᠰᠠᠴᠤᠭᠤ(ᠰᠠᠴᠠᠭᠤ) ᠮᠠᠭᠤ ᠵᠦᠭ ᠦ᠋ᠨ ᠶᠠᠭᠤᠮ᠎ᠠ ᠵᠠᠢᠯᠠᠳᠠᠭ ᠭᠡᠳᠡᠭ ᠰᠠᠢᠬᠠᠨ ᠦᠨᠦᠷ ᠲᠡᠢ ᠱᠣᠭᠫᠠ ᠭᠡᠳᠡᠭ ᠲᠥᠪᠡᠳ ᠠᠷᠴᠠ᠂ ᠠᠭᠠᠷᠤ ᠽᠠᠨᠳᠠᠨ ᠽᠠᠪᠠᠶ᠎ᠠ ᠠᠶᠠᠭ᠎ᠠ᠂ ᠲᠣᠪᠣᠢᠮᠠᠯ ᠮᠥᠩᠭᠥᠨ ᠴᠢᠮᠡᠭ ᠲᠡᠢ ᠲᠥᠪᠡᠳ ᠰᠢᠪᠠᠷ ᠭᠦᠴᠡ᠂ ᠠᠯᠠᠭᠯᠠᠨ ᠬᠢᠭᠰᠡᠨ ᠵᠠᠮᠠᠭ ᠭᠡᠳᠡᠭ ᠵᠠᠮᠪᠠᠭ᠎ᠠ ᠶ᠋ᠢᠨ ᠰᠠᠪᠠ᠂ ᠮᠠᠩᠬᠠᠭ ᠭᠡᠳᠡᠭ ᠡᠮ ᠦ᠋ᠨ ᠰᠠᠪᠠ᠂ ᠠᠯᠲᠠᠨ ᠮᠥᠩᠭᠥᠨ ᠤᠲᠠᠰᠤ ᠪᠠᠷ ᠨᠡᠬᠡᠭᠰᠡᠨ ᠦᠨ᠎ᠡ ᠶᠡᠬᠡᠲᠦ ᠶ᠋ᠢᠨ ᠤᠴᠢᠷ ᠢᠮᠠᠬᠤ ᠪᠠᠷ ᠬᠡᠮᠵᠢᠨ ᠬᠤᠳᠠᠯᠳᠤᠳᠠᠭ ᠬᠦᠨᠳᠦ ᠡᠨᠡᠳᠬᠡᠭ ᠲᠥᠪᠡᠳ ᠬᠣᠷᠭᠣᠢ᠂ ᠵᠣᠭᠣᠰᠤᠨ ᠤ᠋ ᠨᠦᠬᠡ ᠪᠡᠷ ᠰᠦᠪᠡᠯᠡᠵᠦ ᠪᠣᠯᠤᠮᠠᠷ ᠨᠠᠷᠢᠨ ᠨᠡᠬᠡᠭᠰᠡᠨ ᠲᠥᠪᠡᠳ ᠬᠦᠷᠡᠩ ᠲᠡᠷᠮ᠎ᠡ᠂ ᠲᠥᠪᠡᠳ ᠦ᠋ᠨ ᠳᠣᠲᠣᠭᠠᠳᠤᠬᠢ ᠬᠡᠢᠳ ᠲᠦ᠍ ᠮᠠᠰᠢ ᠪᠠᠲᠤ ᠪᠥᠬᠡ ᠮᠢᠨᠳᠠᠰᠤ ᠰᠢᠭ᠋ ᠰᠢᠷᠬᠡᠭ ᠲᠡᠢ ᠲᠥᠪᠡᠳ ᠴᠠᠭᠠᠰᠤᠨ ᠳ᠋ᠤ᠌ ᠳᠠᠷᠤᠭᠰᠠᠨ ᠮᠣᠳᠣᠨ ᠢ᠋ᠶ᠋ᠠᠷ ᠤ᠋ᠨ ᠨᠣᠮ ᠰᠤᠳᠤᠷ ᠤ᠋ᠨ ᠵᠡᠷᠭᠡ ᠭᠣᠶᠣ ᠰᠢᠲᠦᠯᠭᠡ ᠶ᠋ᠢᠨ ᠶᠠᠩᠵᠤ ᠪᠦᠷᠢ ᠶ᠋ᠢᠨ ᠡᠳ᠋᠂ ᠬᠤᠢᠯᠠᠮᠠᠯ ᠲᠥᠪᠡᠳ ᠴᠡᠩᠮᠡ᠂ ᠤᠰᠤ ᠴᠢᠭᠢᠭ ᠲᠠᠯᠪᠢᠳᠠᠭ ᠦᠭᠡᠢ᠂ ᠡᠯᠡᠭᠳᠡᠬᠦ ᠶ᠋ᠢ ᠮᠡᠳᠡᠳᠡᠭ ᠦᠭᠡᠢ ᠲᠥᠪᠡᠳ ᠭᠤᠲᠤᠯ ᠲᠠᠢ ᠬᠤᠳᠬᠤᠯᠳᠤᠨ ᠦᠵᠡᠭᠳᠡᠬᠦ ᠠᠵᠢ᠃  
       ᠲᠣᠷᠭ᠎ᠠ ᠬᠤᠳᠠᠯᠳᠤᠭᠴᠢ ᠬᠢᠲᠠᠳ᠂ ᠠᠷᠤ ᠬᠠᠵᠠᠭᠤ ᠪᠠᠷ ᠢ᠋ᠶ᠋ᠠᠨ ᠭᠢᠯᠠᠯᠵᠠᠭᠰᠠᠨ ᠬᠤᠷᠴᠠ ᠥᠩᠭᠡ ᠲᠡᠢ ᠵᠦᠢᠯ ᠪᠦᠷᠢ ᠶ᠋ᠢᠨ ᠲᠣᠷᠭ᠎ᠠ ᠳᠡᠯᠭᠡᠵᠦ᠂ ᠬᠣᠪᠣᠩ ᠳᠡᠭᠡᠷ᠎ᠡ ᠪᠡᠭᠡᠷᠡᠭ ᠭᠠᠷ ᠢ᠋ᠶ᠋ᠠᠨ ᠡᠭᠡᠭᠡᠬᠦ ᠶ᠋ᠢᠨ ᠬᠠᠵᠠᠭᠤ ᠪᠠᠷ ᠴᠡᠯᠡᠭᠡᠷ ᠰᠠᠢᠬᠠᠨ ᠪᠡᠶ᠎ᠡ᠂ ᠬᠦᠷᠡᠩ ᠤᠯᠠᠭᠠᠨ ᠴᠢᠷᠠᠢ ᠲᠠᠢ ᠰᠠᠢᠬᠠᠨ ᠬᠡᠦᠬᠡᠨ ᠬᠠᠷᠠᠵᠤ ᠨᠢᠳᠦ ᠪᠡᠨ  ᠬᠤᠵᠢᠷᠯᠠᠭᠤᠯᠤᠨ᠂ ᠲᠣᠷᠭ᠎ᠠ ᠬᠤᠳᠠᠯᠳᠤᠨ ᠠᠪᠤᠭᠴᠢ ᠠᠯᠢᠶ᠎ᠠ ᠨᠠᠷᠭᠢᠶᠠᠨ ᠲᠠᠢ ᠬᠡᠦᠬᠡᠨ ᠦ᠌ ᠲᠣᠯᠣᠭᠠᠢ ᠬᠣᠯᠪᠣᠭᠰᠠᠨ ᠱᠣᠭ ᠦᠭᠡ ᠶ᠋ᠢᠨ ᠬᠠᠷᠢᠭᠤ ᠳ᠋ᠤ᠌ ᠮᠣᠷᠢᠨ ᠤ᠋ ᠰᠢᠳᠦ ᠰᠢᠭ ᠤᠷᠲᠤ ᠳᠣᠷᠰᠣᠭᠣᠷ ᠰᠢᠲᠦ ᠪᠡᠨ ᠢᠷᠵᠠᠢᠵᠤ ᠪᠠᠢᠭ᠎ᠠ ᠨᠢ ᠦᠵᠡᠭᠳᠡᠵᠦ᠂ ᠬᠠᠵᠠᠭᠤ ᠳ᠋ᠤᠨᠢ ᠮᠥᠩᠭᠥᠨ ᠦ᠌ ᠳᠠᠷᠬᠠᠨ ᠡᠮᠡᠭᠡᠯ ᠦ᠋ᠨ ᠮᠥᠩᠭᠥᠨ ᠲᠣᠨᠣᠭ᠂ ᠡᠮᠡᠭᠲᠡᠢᠴᠦᠳ ᠦ᠋ᠨ ᠦᠰᠦᠨ ᠦ᠌ ᠠᠯᠲᠠ ᠮᠥᠩᠭᠥᠨ ᠴᠢᠮᠡᠭ ᠬᠡᠷᠡᠭᠯᠡᠯ ᠢ᠋ ᠠᠷᠤ ᠬᠠᠵᠠᠭᠤ ᠪᠠᠷ ᠢ᠋ᠶ᠋ᠠᠨ ᠳᠡᠯᠭᠡᠭᠡᠳ᠂ ᠪᠢᠴᠢᠬᠠᠨ ᠭᠠᠷ ᠬᠥᠭᠡᠷᠭᠡ ᠪᠡᠷ ᠬᠣᠪᠣᠩ ᠤ᠋ᠨ ᠴᠣᠭ ᠢ᠋ ᠬᠥᠭᠡᠷᠭᠡᠳᠡᠵᠦ᠂ ᠯᠠᠩᠭᠦᠢ ᠶ᠋ᠢᠨ ᠳᠡᠭᠡᠷ᠎ᠡ ᠬᠣᠭᠣᠯᠠ ᠪᠠᠨ ᠬᠢᠵᠦ᠂ ᠲᠡᠷᠲᠡᠭᠡ ᠨᠢᠭᠡᠨ ᠳᠡᠯᠭᠡᠭᠦᠷ ᠲᠦ᠍ ᠵᠢᠷᠤᠮᠠᠯ ᠴᠢᠳᠬᠤᠮᠠᠯ ᠪᠤᠷᠬᠠᠨ ᠥᠷᠥᠵᠦ ᠳᠡᠯᠭᠡᠭᠰᠡᠨ ᠲᠤᠯᠤᠨ ᠨᠠᠭᠤᠷ ᠤ᠋ᠨ ᠬᠢᠲᠠᠳ ᠪᠤᠷᠬᠠᠡᠴᠢᠠ ᠶ᠋ᠢᠨ ᠬᠠᠵᠠᠭᠤ ᠳ᠋ᠤᠨᠢ ᠪᠤᠷᠬᠠᠨᠴᠢ ᠯᠠᠮᠠ᠂ ᠵᠢᠷᠤᠮᠠᠯ ᠪᠠᠷᠢᠮᠠᠯ ᠪᠤᠷᠬᠠᠨ ᠢ᠋ᠶ᠋ᠠᠨ ᠳᠡᠯᠭᠡᠨ ᠰᠠᠭᠤᠵᠤ ᠪᠠᠢᠭ᠎ᠠ ᠶ᠋ᠢ ᠠᠵᠢᠭᠯᠠᠪᠠᠯ᠂ ᠡᠭᠦᠳᠡᠨ ᠳᠡᠭᠡᠷ᠎ᠡ ᠨᠢ ᠢᠷᠡᠭᠡᠳ ᠰᠠᠭᠤᠴᠢᠭᠰᠠᠨ ᠪᠤᠷᠬᠠᠨᠴᠢ ᠯᠠᠮᠠ ᠳ᠋ᠤ᠌  ᠪᠤᠷᠬᠠᠨᠴᠢ ᠳ᠋ᠠᠩᠵᠢᠶᠠᠳᠠ ᠪᠠᠭᠠᠬᠠᠨ ᠳᠤᠷ᠎ᠠ ᠦᠭᠡᠢ ᠰᠢᠨᠵᠢ ᠲᠡᠢ ᠪᠣᠯᠪᠠᠴᠤ ᠶᠠᠭᠠᠬᠢᠬᠤ ᠶ᠋ᠢᠨ ᠴᠦ᠍ ᠠᠷᠭ᠎ᠠ ᠦᠭᠡᠢ ᠪᠣᠯᠤᠯᠲᠠᠢ᠃ 
       ᠮᠠᠯᠠᠭᠠᠢᠴᠢᠨ ᠴᠢᠪᠠᠭᠠᠨᠴᠠ ᠨᠠᠷ ᠪᠢᠴᠢᠬᠠᠨ ᠮᠤᠬᠤᠯᠠᠭ ᠪᠦᠭᠡᠭ ᠳᠣᠲᠣᠷ᠎ᠠ ᠪᠠᠨ ᠵᠢᠭᠦᠷ ᠳᠡᠯᠭᠡᠭᠰᠡᠨ ᠬᠠᠷᠴᠠᠭᠠᠢ ᠰᠢᠪᠠᠭᠤ ᠰᠢᠭ᠋ ᠮᠥᠨ ᠰᠢᠯᠠᠪᠴᠢᠳᠡᠢ ᠡᠷᠲᠡᠨ ᠦ᠌ ᠲᠤᠭᠤᠯᠭ᠎ᠠ ᠶ᠋ᠢ ᠳᠦᠷᠰᠦᠯᠡᠭᠰᠡᠨ ᠵᠡᠷᠭᠡ ᠶᠠᠩᠵᠤ ᠪᠦᠷᠢ ᠶ᠋ᠢᠨ ᠬᠡᠪ ᠬᠡᠯᠪᠡᠷᠢ ᠲᠡᠢ ᠦᠨᠡᠭᠡ᠂ ᠪᠤᠯᠠᠭ᠎ᠠ᠂ ᠮᠢᠨᠵᠢᠨ ᠮᠠᠯᠠᠭᠠᠢ ᠳᠡᠯᠭᠡᠵᠡᠢ᠃ 
       ᠬᠢᠲᠠᠳ ᠭᠤᠲᠤᠯᠴᠢᠨ ᠭᠢᠯᠠᠯᠵᠠᠭᠰᠠᠨ ᠰᠠᠢᠬᠠᠨ ᠴᠤᠯᠭᠤᠢ ᠬᠠᠷ᠎ᠠ ᠪᠤᠯᠢᠭᠠᠷᠢ ᠭᠤᠲᠤᠯ᠂ ᠤᠭᠠᠯᠵᠠᠲᠠᠢ ᠤᠲᠠᠰᠤ ᠲᠠᠢ ᠶᠠᠩᠵᠤ ᠶᠠᠩᠵᠤ ᠶ᠋ᠢᠨ ᠭᠤᠲᠤᠯ ᠳᠡᠯᠭᠡᠵᠡᠢ᠃ 
       ᠬᠥᠳᠡᠭᠡ ᠶ᠋ᠢᠨ ᠤᠯᠤᠰ᠂ ᠦᠬᠡᠷ ᠬᠣᠨᠢᠨ ᠮᠢᠬ᠎ᠠ᠂ ᠭᠦᠵᠡᠭᠡ ᠲᠡᠢ ᠰᠦ ᠲᠣᠰᠣ ᠬᠤᠳᠠᠯᠳᠤᠵᠤ᠂ ᠤᠷᠲᠤ ᠭᠠᠩᠰᠠ ᠳ᠋ᠠᠭᠠᠨ( ᠳ᠋ᠤ᠌ ᠪᠠᠨ) ᠶᠠᠩᠯᠥᠢᠲᠠᠢ  ᠳ᠋ᠦᠩᠰᠧᠩ(ᠳᠦᠩᠰᠡᠨ) ᠲᠠᠮᠠᠬᠢ ᠨᠡᠷᠡᠵᠦ᠂ ᠲᠡᠮᠡᠭᠡ ᠬᠥᠮᠦᠨ ᠬᠣᠶᠠᠷ ᠤ᠋ᠨ ᠬᠥᠯ ᠦ᠋ᠨ ᠳᠣᠣᠭᠤᠷ ᠡᠭᠦᠪᠡᠷ ᠲᠡᠭᠦᠪᠡᠷ ᠰᠢᠷᠭᠤᠯᠠᠨ ᠭᠦᠶᠦᠵᠦ ᠶᠠᠪᠤᠭ᠎ᠠ ᠣᠯᠠᠨ ᠵᠣᠯᠪᠢᠨ(ᠵᠣᠯᠪᠢᠩ) ᠨᠣᠬᠠᠢ ᠮᠢᠬᠠᠨ ᠳ᠋ᠤ᠌ ᠰᠢᠲᠦ ᠣᠷᠣᠭᠤᠯᠬᠤ ᠪᠣᠢ ᠭᠡᠵᠦ ᠠᠵᠢᠭᠯᠠᠩᠬᠠᠨ ᠲᠠᠮᠠᠬᠢ ᠪᠠᠨ ᠲᠠᠲᠠᠵᠤ ᠰᠠᠭᠤᠨᠠᠮ᠃ ᠬᠡᠳᠦᠨ ᠡᠯᠳᠡᠭᠦᠷᠢᠴᠢᠨ ᠴᠠᠰᠤᠨ ᠠ᠋ᠴᠠ ᠴᠠᠭᠠᠨ ᠬᠤᠷᠠᠭᠠᠨ ᠳᠣᠲᠣᠷ ᠬᠦᠷᠮ᠎ᠡ ᠬᠠᠨᠳᠠᠰᠤ(ᠬᠠᠨᠲᠠᠭᠠᠰᠤ) ᠶ᠋ᠢᠨ ᠳᠣᠲᠣᠷ ᠦᠰᠦ ᠲᠡᠢ ᠥᠮᠥᠳᠥ ᠲᠡᠭᠳᠡᠢ ᠳᠡᠯᠭᠡᠵᠦ ᠡᠯᠭᠦᠴᠡᠭᠡᠨ(ᠡᠯᠭᠦᠵᠡᠭᠡᠨ) ᠤᠷᠲᠤ ᠮᠣᠳᠣᠨ ᠰᠢᠷᠡᠭᠡᠨ ᠳᠡᠭᠡᠷ᠎ᠡ ᠦᠰᠦ ᠵᠢᠰᠦ ᠶ᠋ᠢ ᠨᠡᠢᠯᠡᠭᠦᠯᠦᠨ ᠳᠡᠯᠭᠡᠭᠰᠡᠨ ᠰᠡᠭᠰᠡᠭᠡᠷ ᠪᠤᠵᠢᠭᠢᠷ ᠬᠤᠷᠠᠭᠠᠨ ᠤ᠋ ᠠᠷᠠᠰᠤᠨ ᠳ᠋ᠤ᠌ ᠪᠡᠭᠡᠷᠡᠭᠰᠡᠨ ᠭᠠᠷ ᠢ᠋ᠶ᠋ᠠᠨ ᠳᠤᠯᠠᠭᠠᠴᠠᠭᠤᠯᠵᠤ ᠡᠯᠭᠦᠭᠰᠡᠨ ᠳᠣᠲᠣᠷ ᠤ᠋ᠨ ᠨᠥᠮᠥᠷᠢ ᠳ᠋ᠦ᠍ ᠬᠦᠢᠲᠡᠨ ᠡᠴᠡ ᠵᠠᠢᠯᠠᠬᠤ ᠭᠡᠰᠡᠨ ᠤᠷᠠᠩᠬᠠᠢ ᠨᠣᠣᠷᠬᠠᠢ ᠭᠤᠢᠯᠢᠨᠴᠢᠨ ᠢ᠋ ᠬᠠᠶᠠ ᠨᠢᠭᠡ ᠵᠠᠩᠳᠠᠵᠤ ᠪᠠᠢᠭ᠎ᠠ ᠨᠢ ᠦᠵᠡᠭᠳᠡᠨᠡᠮ᠃ ᠤᠪ ᠲᠠᠢ ᠵᠠᠯᠢ ᠲᠠᠢ ᠳᠠᠮ ᠤ᠋ᠨ ᠮᠠᠢᠮᠠᠢᠴᠢᠨ᠂ ᠬᠦᠷᠢᠶᠡᠨ ᠦ᠌ ᠭᠠᠳᠠᠭᠤᠷ ᠵᠠᠮ ᠳᠡᠭᠡᠷ᠎ᠡ ᠠᠮᠢᠲᠠᠨ ᠲᠣᠰᠴᠤ ᠪᠠᠢᠭᠠᠳ ᠬᠣᠩᠭᠣᠷ ᠴᠠᠭᠠᠨ ᠰᠡᠳᠬᠢᠯ ᠲᠡᠢ ᠠᠩᠴᠢᠨ ᠠ᠋ᠴᠠ ᠰᠤᠯᠠ ᠬᠢᠮᠳᠠ ᠪᠠᠷ ᠠᠪᠤᠭᠰᠠᠨ ᠦᠨᠡᠭᠡ ᠰᠢᠯᠦᠭᠦᠰᠦ᠂ ᠬᠡᠷᠡᠮ(ᠬᠡᠷᠡᠮᠦ) ᠰᠤᠤᠰᠠᠷ᠂ ᠭᠣᠪᠢ ᠠᠯᠲᠠᠢ ᠶ᠋ᠢᠨ ᠡᠷᠢᠶᠡᠨ ᠴᠣᠬᠣᠷ ᠢᠷᠪᠢᠰ ᠦ᠋ᠨ ᠠᠷᠠᠰᠤ ᠶᠠᠪᠤᠭᠤᠲᠠ ᠮᠠᠢᠮᠠᠢᠯᠠᠨ ᠡᠭᠦᠪᠡᠷ ᠲᠡᠭᠦᠪᠡᠷ ᠰᠡᠯᠭᠦᠴᠡᠨ ᠬᠡᠰᠦᠵᠦ᠂ ᠲᠡᠳᠡᠨ ᠦ᠌ ᠰᠠᠪᠠᠷ ᠲᠤ᠌ ᠣᠷᠣᠯ ᠦᠭᠡᠢ ᠵᠠᠬ᠎ᠠ ᠳᠡᠭᠡᠷ᠎ᠡ ᠬᠦᠷᠴᠦ ᠢᠷᠡᠭᠰᠡᠨ ᠭᠠᠭᠴᠠ ᠨᠢᠭᠡ ᠠᠩᠴᠢᠨ ᠢ᠋ ᠬᠡᠳᠦ ᠬᠡᠳᠦ ᠪᠡᠷ ᠲᠣᠭᠣᠷᠢᠭᠠᠳ᠂ ᠲᠡᠭᠦᠨ ᠦ᠌ ᠪᠠᠷᠢᠵᠤ ᠶᠠᠪᠤᠭ᠎ᠠ ᠦᠰᠦ᠂ ᠪᠤᠭᠤ ᠶ᠋ᠢᠨ ᠡᠪᠡᠷ᠂ ᠵᠠᠭᠠᠷ᠂ ᠪᠠᠭᠠᠪᠠᠭᠠᠢ ᠶ᠋ᠢᠨ ᠰᠥᠰᠥ ᠶ᠋ᠢ ᠡᠯᠳᠡᠪ ᠦ᠋ ᠰᠡᠪ ᠡᠷᠢᠵᠦ ᠭᠣᠯᠣᠬᠤ ᠵᠡᠷᠭᠡᠪᠡᠷ(ᠵᠡᠷᠭᠡ ᠪᠡᠷ) ᠦᠨ᠎ᠡ ᠶ᠋ᠢ ᠪᠠᠭᠤᠷᠠᠭᠤᠯᠤᠨ ᠮᠠᠢᠮᠠᠢᠴᠢᠯᠳᠠᠵᠤ (ᠮᠠᠢᠮᠠᠢᠴᠠᠯᠳᠤᠵᠤ) ᠬᠥᠭᠡᠷᠦᠬᠦᠢ ᠬᠥᠳᠡᠭᠡ ᠶ᠋ᠢᠨ ᠠᠩᠴᠢᠨ ᠤ᠋ ᠲᠣᠯᠣᠭᠠᠢ ᠶ᠋ᠢ ᠡᠷᠭᠢᠭᠦᠯᠵᠦ ᠪᠠᠴᠢᠯᠠᠨ᠂ ᠥᠨᠥᠬᠢ ᠰᠠᠨᠳᠤᠷᠤᠨ ᠭᠠᠢᠬᠠᠭᠰᠠᠨ ᠠᠩᠴᠢᠨ ᠤ᠋ ᠬᠤᠳᠠᠯᠳᠤᠵᠤ ᠶᠠᠪᠤᠭ᠎ᠠ ᠶᠠᠭᠤᠮ᠎ᠠ ᠲᠠᠢ ᠠᠳᠠᠯᠢ ᠶᠠᠭᠤᠮ᠎ᠠ ᠶ᠋ᠢ ᠪᠡᠶ᠎ᠡ ᠪᠡᠶ᠎ᠡ ᠳ᠋ᠡᠭᠡᠨ( ᠳ᠋ᠦ᠍ ᠪᠡᠨ) ᠴᠢ ᠠᠪᠤᠨ᠎ᠠ ᠤᠤ᠂ ᠪᠢ ᠠᠪᠤᠨ᠎ᠠ ᠤᠤ ᠭᠡᠵᠦ《ᠬᠤᠳᠠᠯᠳᠤᠬᠤ》 ᠳᠦᠷᠢᠮ ᠦᠵᠡᠭᠦᠯᠦᠨ《ᠥᠭᠭᠦᠯᠴᠡᠬᠦ᠂ ᠠᠪᠤᠯᠴᠠᠬᠤ》 ᠳ᠋ᠤᠨᠢ (ᠳ᠋ᠤ᠌ ᠨᠢ)᠂ ᠴᠠᠭᠠᠳᠤ ᠠᠩᠴᠢᠨ᠂ ᠲᠡᠳᠡᠨ ᠢ᠋ ᠴᠥᠮ ᠬᠦᠷᠢᠶᠡᠨ ᠦ᠌ ᠵᠠᠬ᠎ᠠ ᠶ᠋ᠢᠨ ᠢᠯᠡ᠂ ᠳᠠᠯᠳᠠᠭᠤᠷ ᠬᠤᠤᠪᠢᠯᠳᠤᠨ ᠨᠡᠢᠯᠡᠭᠰᠡᠨ ᠠᠮᠢᠲᠠᠨ ᠭᠡᠵᠦ ᠮᠡᠳᠡᠬᠦ ᠦᠭᠡᠢ ᠳᠡᠮᠡᠢ ᠯᠡ ᠭᠠᠢᠬᠠᠨ ᠡᠷᠡᠭᠡᠯᠵᠡᠮᠦᠢ᠃  
       ᠲᠡᠷᠡ ᠮᠡᠲᠦ ᠶ᠋ᠢᠨ ᠠᠷᠭ᠎ᠠ ᠵᠠᠯᠢ ᠳ᠋ᠤ᠌ ᠣᠷᠣᠵᠤ ᠥᠭᠬᠦ ᠦᠭᠡᠢ ᠶᠠᠩᠵᠤ ᠲᠠᠢ ᠠᠩᠴᠢᠨ ᠲᠣᠬᠢᠶᠠᠯᠳᠤᠪᠠᠯ᠂ ᠳᠠᠷᠤᠢ ᠵᠠᠬ᠎ᠠ ᠶ᠋ᠢᠨ ᠠᠯᠢ ᠨᠢᠭᠡ ᠣᠢᠷ᠎ᠠ ᠶ᠋ᠢᠨ ᠭᠤᠸᠠᠩᠵᠠᠨ(ᠭᠤᠸᠠᠨᠰᠠᠨ) ᠳ᠋ᠤ᠌ ᠳᠤᠯᠠᠭᠠᠨ ᠭᠠᠵᠠᠷ ᠣᠷᠣᠵᠤ ᠮᠠᠢᠮᠠᠢ ᠬᠡᠯᠡᠯᠴᠡᠶ᠎ᠡ ᠭᠡᠵᠦ ᠱᠦᠯᠳᠡᠩᠨᠡᠨ ᠬᠠᠯᠳᠠᠭᠨᠠᠨ ᠳᠠᠭᠠᠭᠤᠯᠵᠤ ᠠᠪᠠᠴᠢᠭᠠᠳ᠂ ᠪᠢᠴᠢᠬᠠᠨ ᠥᠷᠥᠭᠡ ᠲᠠᠰᠤᠯᠭᠠᠨ ᠳ᠋ᠤ᠌᠂ ᠢᠯᠡᠭᠦᠦ ᠳᠤᠲᠠᠭᠤ ᠠᠮᠢᠲᠠᠨ ᠦᠢᠮᠡᠬᠦ ᠦᠭᠡᠢ ᠭᠠᠵᠠᠷ ᠠᠪᠠᠴᠢᠵᠤ ᠰᠠᠭᠤᠯᠭᠠᠭᠠᠳ᠂ ᠠᠩᠴᠢᠨ ᠤ᠋ ᠨᠢᠭᠡ ᠮᠡᠳᠡᠬᠦ ᠳ᠋ᠦ᠍ᠨᠢ(ᠳ᠋ᠦ᠍ ᠨᠢ)ᠰᠢᠷᠡᠭᠡᠨ ᠳᠡᠭᠡᠷ᠎ᠡ ᠨᠢ ᠬᠥᠳᠡᠭᠡ ᠶ᠋ᠢᠨ ᠬᠥᠮᠦᠨ ᠦ᠌ ᠢᠳᠡᠳᠡᠭ ᠪᠦᠳᠦᠭᠦᠨ ᠵᠠᠭᠤᠰᠢ ᠲᠠᠯᠪᠢᠵᠤ᠂ ᠦᠬᠡᠷ ᠦ᠋ᠨ ᠨᠢᠳᠦᠨ ᠴᠢᠨᠡᠭᠡ ᠱᠠᠵᠠᠩ(ᠱᠠᠭᠠᠵᠠᠩ) ᠵᠦᠩᠵᠡ(ᠵᠦᠩᠰᠡ)᠂ ᠵᠡᠰ ᠴᠠᠬᠤᠤ ᠲᠠᠢ ᠬᠠᠯᠠᠭᠠᠭᠰᠠᠨ ᠬᠢᠲᠠᠳ ᠬᠠᠷ᠎ᠠ ᠠᠷᠢᠬᠢ ᠰᠢᠷᠡᠭᠡᠨ ᠳᠡᠭᠡᠷ᠎ᠡ ᠨᠢ ᠦᠷᠡᠵᠦ(ᠥᠷᠥᠵᠦ)᠂ ᠢᠳᠡ ᠤᠤᠭᠤ᠂ ᠠᠬ᠎ᠠ ᠳᠡᠭᠦᠦ ᠭᠡᠵᠦ ᠤᠷᠠᠨ ᠦᠭᠡ ᠪᠡᠷ ᠪᠠᠴᠢᠯᠠᠨ ᠰᠢᠬᠠᠬᠤ ᠳ᠋ᠤᠨᠢ (ᠳ᠋ᠤ᠌ ᠨᠢ)᠂ ᠲᠡᠷᠡ ᠠᠷᠭ᠎ᠠ ᠳ᠋ᠤᠨᠢ(ᠳ᠋ᠤ᠌ ᠨᠢ) ᠰᠠᠨᠠᠮᠰᠠᠷ ᠦᠭᠡᠢ ᠣᠷᠣᠭᠰᠠᠨ ᠠᠩᠴᠢᠨ ᠨᠢᠭᠡ ᠴᠠᠭ ᠬᠢᠷᠢᠲᠡᠢ ᠪᠣᠯᠤᠭᠠᠳ ᠠᠷᠢᠬᠢᠨ ᠳ᠋ᠤ᠌ ᠬᠠᠯᠠᠮᠰᠠᠨ ᠵᠠᠯᠢᠯᠠᠭᠤᠯᠵᠤ᠂ ᠠᠪᠴᠤ ᠶᠠᠪᠤᠭᠰᠠᠨ ᠠᠩ ᠤ᠋ᠨ ᠢ᠋ᠶ᠋ᠠᠨ ᠦᠰᠦ ᠶ᠋ᠢ ᠰᠤᠯᠠ ᠬᠢᠮᠳᠠ ᠪᠠᠷ ᠥᠭᠭᠦᠭᠡᠳ᠂ ᠮᠥᠩᠭᠥ ᠪᠡᠨ ᠳᠤᠲᠠᠭᠤ ᠪᠤᠳᠤᠭᠤᠯᠵᠤ ᠠᠪᠤᠭᠠᠳ᠂ ᠵᠣᠷᠢᠮᠠᠭ ᠱᠠᠯ ᠰᠣᠭᠲᠣᠭᠤ ᠳᠦᠷᠢᠮ ᠦᠵᠡᠭᠦᠯᠦᠭᠴᠢ ᠫᠠᠨᠽᠠᠴᠢᠨ ᠤ᠋ ᠬᠠᠮᠲᠤ ᠨᠠᠢᠭᠤᠨ ᠰᠢᠷᠪᠢᠵᠦ(ᠰᠢᠷᠪᠠᠵᠤ)᠂ ᠰᠣᠭᠲᠣᠭᠤ ᠢᠨᠢᠶᠡᠳᠦ ᠠᠯᠳᠠᠭᠰᠠᠭᠠᠷ ᠰᠤᠯᠳᠠᠢᠨ ᠰᠠᠯᠳᠠᠢᠵᠤ ᠭᠤᠸᠠᠨᠰᠠᠨ ᠠ᠋ᠴᠠ ᠭᠠᠷᠤᠨ᠎ᠠ᠃ 
       ᠵᠠᠬ᠎ᠠ ᠶ᠋ᠢᠨ ᠲᠡᠢᠮᠦ ᠨᠢᠭᠡᠨ ᠭᠤᠸᠠᠨᠰᠠᠨ ᠳ᠋ᠤ᠌ ᠥᠷᠭᠡᠨ ᠮᠥᠷᠥ ᠲᠡᠢ᠂ ᠥᠨᠳᠥᠷ ᠨᠢᠷᠤᠭᠤ ᠲᠠᠢ ᠨᠢᠭᠡᠨ ᠣᠷᠣᠰ ᠡᠪᠦᠭᠡᠨ ᠨᠠᠷᠢᠨ ᠵᠤᠷᠪᠤᠰ ᠮᠢᠬᠠᠨ ᠬᠠᠭᠤᠷᠤᠭ᠎ᠠ (ᠬᠠᠭᠤᠷᠭ᠎ᠠ᠂ ᠬᠠᠭᠤᠷᠤᠯᠭ᠎ᠠ) ᠪᠤᠶᠤ ᠬᠢᠲᠠᠳ ᠢ᠋ᠶ᠋ᠠᠷ ᠴᠤᠤ ᠿᠧᠦ ᠫᠢᠶᠠᠷ ᠤ᠋ᠨ ᠣᠷᠣᠰ ᠺᠠᠽᠠᠭ ᠴᠡᠷᠢᠭ ᠦ᠋ᠨ ᠵᠢᠸᠣᠫᠧᠷ(ᠡᠨᠡ ᠨᠢ[ᠠᠮᠢᠳᠤᠪᠠᠷ (ᠠᠮᠢᠳᠤ ᠪᠠᠷ) ᠨᠢ ᠵᠠᠯᠭᠢᠭᠴᠢ ᠭᠡᠰᠡᠨ ᠤᠳᠬ᠎ᠠ ᠲᠠᠢ ᠦᠭᠡ] ᠪᠣᠯᠵᠠᠢ) ᠭᠡᠵᠦ ᠥᠪᠡᠷ ᠦ᠋ᠨ ᠬᠡᠯᠡᠨ ᠳ᠋ᠦ᠍ ᠣᠷᠣᠭᠤᠯᠤᠨ ᠨᠡᠷᠡᠯᠡᠳᠡᠭ ᠬᠠᠭᠤᠷᠭ᠎ᠠ(ᠬᠠᠭᠤᠷᠤᠯᠭ᠎ᠠ) ᠶ᠋ᠢ ᠰᠠᠪᠬ᠎ᠠ ᠴᠢᠳᠠᠮᠠᠭᠠᠢ ᠪᠠᠷᠢᠵᠤ ᠶᠡᠬᠡᠯ᠎ᠡ(ᠶᠡᠬᠡ ᠯᠡ) ᠠᠮᠲᠠᠷᠬᠠᠨ ᠢᠳᠡᠵᠦ ᠪᠠᠢᠭᠰᠠᠨ ᠢ᠋ᠶ᠋ᠠᠨ ᠰᠠᠪᠬ᠎ᠠ ᠪᠠᠨ ᠭᠡᠨᠡᠳᠲᠡ ᠬᠣᠢᠰᠢ ᠲᠠᠯᠪᠢᠵᠤ᠂ ᠪᠠᠲᠤᠪᠠᠶᠠᠷ ᠠ᠋! ᠭᠡᠵᠦ ᠪᠠᠶᠠᠷᠯᠠᠨ ᠪᠣᠰᠴᠤ᠂  ᠭᠤᠸᠠᠨᠰᠠᠨ ᠤ᠋ ᠡᠭᠦᠳᠡᠨ ᠳ᠋ᠦ᠍ ᠭᠠᠳᠠᠨ᠎ᠠ ᠠ᠋ᠴᠠ ᠴᠠᠭᠠᠨ ᠠᠭᠤᠷ ᠮᠠᠨᠠᠨ ᠬᠠᠭᠠᠯᠭ᠎ᠠ ᠪᠠᠷ ᠰᠠᠪᠰᠠᠭᠤᠯᠵᠤ ᠣᠷᠣᠵᠤ ᠢᠷᠡᠭᠡᠳ᠂ ᠰᠠᠬᠠᠯ ᠤ᠋ᠨ ᠮᠥᠰᠥ ᠬᠣᠪᠬᠣᠯᠠᠨ (ᠬᠣᠪᠬᠣᠯᠤᠨ)᠂ ᠭᠠᠳᠠᠭ᠎ᠠ ᠴᠡᠯᠮᠡᠭ ᠰᠠᠢᠬᠠᠨ ᠡᠳᠦᠷ ᠨᠠᠷᠠᠨ ᠳ᠋ᠤ᠌ ᠶᠠᠪᠤᠵᠤ ᠢᠷᠡᠭᠡᠳ᠂ ᠴᠠᠭᠠᠰᠤᠨ ᠴᠣᠩᠬᠣ ᠲᠠᠢ ᠬᠠᠷᠠᠩᠭᠤᠢ ᠭᠤᠸᠠᠨᠰᠠᠨ ᠳ᠋ᠤ᠌ ᠨᠢᠳᠦ ᠳᠠᠰᠤᠵᠤ (ᠲᠡᠰᠴᠦ) ᠶᠠᠳᠠᠨ ᠠᠨᠢᠰᠬᠢᠨ ᠬᠠᠷᠠᠵᠤ ᠵᠣᠭᠰᠣᠭᠰᠠᠨ ᠥᠨᠳᠥᠷ ᠨᠢᠷᠤᠭᠤ ᠲᠠᠢ ᠮᠣᠩᠭᠣᠯ ᠡᠪᠦᠭᠡᠨ ᠦ᠌ ᠵᠦᠭ᠂ ᠪᠠᠲᠤᠪᠠᠶᠠᠷ ᠠ᠋! ᠭᠡᠵᠦ ᠥᠨᠳᠡᠢᠨ ᠪᠣᠰᠬᠤ ᠳ᠋ᠤᠨᠢ ᠲᠡᠷᠡ ᠰᠠᠢ᠍ᠢ (ᠰᠠᠶᠢ)ᠢᠷᠡᠭᠰᠡᠨ ᠡᠪᠦᠭᠡᠨ᠂ 
       — ᠶᠠᠸᠠᠠ( ᠢᠸᠠᠨ)! ᠭᠡᠵᠦ ᠳᠠᠭᠤᠳᠠᠭᠠᠳ᠂ ᠥᠨᠥᠬᠢ ᠣᠷᠣᠰ ᠡᠪᠦᠭᠡᠨ ᠦ᠌ ᠵᠦᠭ ᠪᠠᠶᠠᠷᠯᠠᠨ ᠠᠯᠬᠤᠯᠠᠪᠠ᠃  ᠬᠣᠶᠠᠷ ᠨᠠᠢᠵᠠ ᠨᠥᠬᠥᠷ ᠲᠡᠪᠡᠷᠢᠯᠳᠦᠨ  ᠵᠣᠯᠭᠤᠵᠣ(ᠵᠣᠯᠭᠠᠵᠤ)᠂ ᠬᠠᠷᠢᠯᠴᠠᠨ ᠠᠮᠤᠷ ᠮᠡᠨᠳᠦ ᠶ᠋ᠢ ᠠᠰᠠᠭᠤᠯᠴᠠᠪᠠ᠃  ᠬᠠᠭᠠᠴᠠᠨ ᠰᠠᠯᠤᠭᠰᠠᠨ ᠠ᠋ᠴᠠ ᠬᠣᠢᠰᠢ ᠡᠨᠡ ᠵᠠᠪᠰᠠᠷ ᠶᠠᠭᠤ ᠬᠢᠵᠦ᠂ ᠬᠠᠮᠢᠭ᠎ᠠ  ᠪᠠᠷ ᠶᠠᠪᠤᠭᠰᠠᠨ ᠢ᠋ᠶ᠋ᠠᠨ ᠬᠠᠯᠠᠭᠠᠭᠰᠠᠨ ᠠᠷᠢᠬᠢ ᠣᠭᠣᠴᠢᠨ ᠬᠡᠯᠡᠯᠴᠡᠬᠦ  ᠳ᠋ᠦ᠍ ᠪᠠᠲᠤᠪᠠᠶᠠᠷ᠂ ᠡᠪᠦᠭᠡᠨ ᠨᠠᠢᠵᠠ ᠳ᠋ᠠᠭᠠᠨ᠂ 
       — ᠬᠦᠦ ᠮᠢᠨᠢ᠂ ᠬᠥᠮᠦᠨ ᠦ᠌ ᠭᠠᠵᠠᠷ ᠬᠢᠲᠠᠳ ᠡᠬᠡᠨᠡᠷ ᠠᠪᠴᠠᠢ᠃  ᠴᠢ ᠲᠠᠨᠢᠬᠤ ᠴᠤ᠌ ᠪᠠᠢᠬ᠎ᠠ᠂ ᠡᠪᠦᠭᠡᠨ ᠵᠠᠩ ᠮᠤᠵᠢᠶᠠᠩ ᠤ᠋ᠨ ᠥᠬᠢᠨ ᠲᠡᠢ ᠭᠡᠷᠯᠡᠵᠡᠢ᠃ ᠡᠮᠡᠭᠡᠨ ᠪᠢᠳᠡ ᠬᠣᠶᠠᠷ ᠬᠢᠲᠠᠳ ᠪᠡᠷᠢ ᠲᠡᠢ ᠪᠣᠯᠬᠤ ᠭᠡᠵᠦ ᠶᠡᠷᠦ ᠪᠣᠳᠣᠬᠤ ᠪᠠᠢᠲᠤᠭᠠᠢ ᠵᠡᠭᠦᠳᠦᠨ ᠳ᠋ᠡᠭᠡᠨ ᠴᠦ᠍ ᠵᠡᠭᠦᠳᠦᠯᠡᠵᠦ ᠦᠵᠡᠭᠡ ᠦᠭᠡᠢ ᠪᠠᠢᠭᠰᠠᠨ ᠪᠢᠯᠡ᠃ ᠶᠠᠭᠠᠬᠢᠪᠠ᠂ ᠶᠠᠭᠠᠬᠢᠪᠠ᠃ ᠵᠠᠩ ᠡᠪᠦᠭᠡᠨ᠂ ᠬᠥᠮᠦᠨ ᠢ᠋ᠶ᠋ᠡᠷ ᠶᠡᠬᠡ ᠰᠠᠢᠨ ᠡᠪᠦᠭᠡᠨ᠂ ᠥᠬᠢᠨ ᠨᠢ ᠴᠦ᠍ ᠰᠠᠢᠨ ᠬᠥᠮᠦᠨ᠃ ᠬᠡᠨ ᠴᠦ᠍ ᠭᠡᠰᠡᠨ ᠲᠡᠢᠮᠦ ᠥᠬᠢᠨ ᠲᠡᠢ ᠪᠠᠢᠪᠠᠯ ᠳᠡᠭᠡᠳᠦ ᠵᠠᠶᠠᠭ᠎ᠠ᠂ ᠡᠨᠳᠡ ᠡᠴᠡ ᠮᠠᠨᠠᠢ (ᠮᠠᠨ ᠤ᠋) ᠳ᠋ᠤ᠌ ᠣᠴᠢᠶ᠎ᠠ᠃ ᠴᠢ ᠮᠢᠨᠦ ᠪᠡᠷᠢ ᠶ᠋ᠢ ᠦᠵᠡ᠃  ᠬᠦᠦ ᠡᠮᠡᠭᠡᠨ ᠬᠣᠶᠠᠷ ᠴᠤ᠌ ᠭᠡᠰᠡᠨ᠂ ᠴᠢᠮᠠᠶ᠋ᠢ ᠮᠠᠨᠠᠢ (ᠮᠠᠨ ᠤ᠋) ᠳ᠋ᠤ᠌ ᠣᠴᠢᠪᠠᠯ ᠶᠡᠬᠡ ᠪᠠᠶᠠᠷᠯᠠᠬᠤ ᠪᠣᠢ᠃  ᠡᠨᠡ ᠮᠠᠭᠤ ᠭᠤᠸᠠᠩᠵᠠᠨ ᠳ᠋ᠤ᠌ ᠣᠷᠣᠭᠰᠠᠨ ᠮᠠᠨᠢ ᠶᠠᠭᠤᠲᠠᠢ ᠰᠠᠢᠨ ᠪᠣᠯᠪᠠ᠃ ᠪᠠᠭᠠᠬᠠᠨ ᠳᠠᠭᠠᠷᠠᠭᠠᠣ᠌ᠠ᠂ ᠪᠠᠢᠵᠠ ᠬᠦ᠂ ᠦᠬᠡᠷ ᠦ᠋ᠨ ᠨᠢᠳᠦ ᠰᠢᠭ ᠵᠦᠩᠵᠡ ᠪᠡᠷ ᠬᠠᠯᠠᠭᠠᠭᠰᠠᠨ ᠠᠷᠢᠬᠢ ᠭᠠᠭᠴᠠ ᠨᠢᠭᠡ ᠣᠭᠣᠴᠢᠵᠤ ᠳᠤᠯᠠᠭᠠᠴᠠᠶ᠎ᠠ ᠭᠡᠵᠦ ᠪᠣᠳᠣᠭᠠᠳ ᠣᠷᠣᠭᠰᠠᠨ ᠴᠢᠨᠢ᠂ ᠬᠠᠷᠢᠨ ᠨᠥᠬᠥᠷ ᠲᠡᠢ ᠢᠩᠭᠢᠵᠦ ᠠᠭᠤᠯᠵᠠᠳᠠᠭ ᠶᠤᠮ ᠪᠠᠢᠵᠠᠢ᠃  ᠵᠠ᠂ ᠲᠠᠨᠠᠢᠬᠢ ᠪᠠᠷ ᠣᠴᠢᠭᠠᠳ᠂ ᠲᠡᠨᠳᠡ ᠡᠴᠡ ᠮᠠᠢᠮᠠᠢ ᠬᠣᠲᠠ ᠣᠷᠣᠵᠤ ᠮᠠᠨᠠᠢ (ᠮᠠᠨ ᠤ᠋) ᠳ᠋ᠤ᠌ ᠣᠴᠢᠶ᠎ᠠ ᠭᠡᠵᠡᠢ᠃  
       ᠮᠠᠢᠮᠠᠢ ᠬᠣᠲᠠ ᠣᠷᠣᠬᠤ ᠵᠠᠮ ᠳ᠋ᠠᠭᠠᠨ᠂ ᠬᠣᠶᠠᠷ ᠡᠪᠦᠭᠡᠨ ᠲᠤᠰ ᠤᠯᠤᠰ ᠲᠤ᠌ ᠪᠣᠯᠵᠤ ᠪᠠᠢᠭ᠎ᠠ ᠶᠠᠪᠤᠳᠠᠯ ᠢ᠋ ᠶᠠᠷᠢᠯᠴᠠᠪᠠ᠃ ᠳᠤᠮᠳᠠᠳᠤ ᠤᠯᠤᠰ ᠤ᠋ᠨ ᠨᠤᠲᠤᠭ ᠠ᠋ᠴᠠ ᠬᠡᠳᠦᠨ ᠬᠣᠨᠣᠭ ᠤ᠋ᠨ ᠡᠮᠦᠨ᠎ᠡ ᠢᠷᠡᠭᠰᠡᠨ ᠪᠠᠲᠤᠪᠠᠶᠠᠷ ᠶᠠᠭᠤᠮ᠎ᠠ ᠶ᠋ᠢ ᠬᠢᠨᠠᠭᠤᠷ ᠰᠢᠨ᠎ᠡ ᠬᠥᠮᠦᠨ ᠦ᠌ ᠨᠢᠳᠦ ᠪᠡᠷ ᠦᠵᠡᠬᠦ ᠠᠵᠢ᠃ ᠮᠠᠨᠵᠤ ᠲᠡᠢᠴᠢᠩ ᠤᠯᠤᠰ ᠤ᠋ᠨ ᠪᠣᠱᠣᠭ ᠢ᠋ ᠬᠠᠯᠠᠵᠤ᠂ ᠬᠥᠷᠥᠩᠭᠡᠲᠡᠨ ᠦ᠌ ᠶᠣᠰᠣᠲᠤ ᠪᠦᠭᠦᠳᠡ ᠨᠠᠢᠷᠠᠮᠳᠠᠬᠤ ᠵᠠᠰᠠᠭ ᠢ᠋ ᠶᠠᠪᠤᠭᠤᠯᠬᠤ ᠳ᠋ᠤ᠌ ᠬᠦᠷᠦᠭᠦᠯᠦᠭᠰᠡᠨ ᠶᠠᠪᠤᠳᠠᠯ ᠪᠣᠯᠪᠠᠰᠤᠷᠠᠨ ᠭᠠᠷᠤᠭᠰᠠᠨ ᠳᠤᠮᠳᠠᠳᠤ ᠤᠯᠤᠰ ᠲᠤ᠌ ᠤᠭ ᠲᠥᠷᠥᠭᠰᠡᠨ ᠨᠤᠲᠤᠭ ᠠ᠋ᠴᠠ ᠠᠯᠤᠰ ᠬᠣᠯᠠ ᠬᠡᠳᠦᠨ ᠵᠢᠯ ᠶᠠᠪᠤᠵᠤ᠂ ᠪᠠᠰᠠ ᠺᠦᠩᠽᠢ ᠶᠢᠨ ᠰᠤᠷᠲᠠᠯᠲᠤ ᠪᠢᠴᠢᠭ ᠴᠡᠭᠡᠵᠢᠯᠡᠭᠰᠡᠨ ᠬᠠᠭᠤᠴᠢᠨ ᠬᠢᠲᠠᠳ ᠲᠤ᠌ ᠪᠠᠢᠳᠠᠭ ᠦᠭᠡᠢ ᠰᠢᠨ᠎ᠡ ᠶᠠᠭᠤᠮ᠎ᠠ᠂ ᠰᠢᠨ᠎ᠡ ᠴᠠᠭ ᠤ᠋ᠨ ᠬᠢᠲᠠᠳ ᠪᠢᠴᠢᠭ ᠵᠣᠬᠢᠶᠠᠯ ᠳ᠋ᠤ᠌ ᠭᠠᠷᠴᠤ ᠪᠠᠢᠭ᠎ᠠ ᠪᠦᠭᠦᠳᠡ ᠶ᠋ᠢ ᠬᠢᠲᠠᠳ ᠬᠡᠯᠡ ᠪᠢᠴᠢᠭ ᠮᠡᠳᠡᠳᠡᠭ ᠦ᠋ᠨ ᠠᠴᠢ ᠪᠠᠷ ᠶᠡᠬᠡᠯ᠎ᠡ(ᠶᠡᠬᠡ ᠯᠡ) ᠰᠣᠨᠢᠷᠬᠠᠨ ᠦᠵᠡᠵᠦ ᠪᠠᠢᠳᠠᠭ ᠬᠦᠦ ᠨᠠᠰᠤᠨᠪᠠᠲᠤ ᠲᠠᠢ ᠶᠠᠷᠢᠵᠤ ᠬᠠᠷᠢᠯᠴᠠᠭᠰᠠᠨ ᠲᠤᠯᠠ᠂ ᠶᠠᠭᠤᠮ᠎ᠠ ᠣᠯᠵᠤ ᠮᠡᠳᠡᠬᠦ ᠰᠠᠨ ᠭᠡᠵᠦ ᠰᠣᠨᠢᠷᠬᠠᠳᠠᠭ ᠰᠡᠷᠭᠦᠯᠡᠩ ᠴᠣᠪᠣᠭᠣ ᠡᠪᠦᠭᠡᠨ ᠪᠠᠲᠤᠪᠠᠶᠠᠷ ᠤ᠋ᠨ ᠮᠡᠳᠡᠯᠭᠡ ᠶ᠋ᠢᠨ ᠬᠦᠷᠢᠶ᠎ᠡ ᠤᠷᠢᠳᠠᠬᠢ ᠠ᠋ᠴᠠ ᠥᠷᠭᠡᠨ ᠠᠭᠤᠤ ᠪᠣᠯᠵᠠᠢ᠃ ᠪᠠᠲᠤᠪᠠᠶᠠᠷ ᠤ᠋ᠨ ᠨᠢᠭᠲᠠᠯᠠᠵᠤ ᠦᠵᠡᠬᠦ ᠳ᠋ᠦ᠍᠂ ᠬᠦᠷᠢᠶᠡᠨ ᠦ᠌ ᠰᠢᠨ᠎ᠡ ᠵᠠᠰᠠᠭ ᠠ᠋ᠴᠠ ᠨᠣᠶᠠᠳ ᠬᠤᠲᠤᠭᠲᠤ ᠬᠤᠪᠢᠯᠭᠠᠳ ᠤ᠋ᠨ ᠡᠷᠬᠡ ᠠᠰᠢᠭ ᠢ᠋ ᠶᠠᠭᠤᠨ ᠤ᠋ ᠡᠮᠦᠨ᠎ᠡ ᠪᠠᠲᠤᠳᠬᠠᠬᠤ ᠶ᠋ᠢ ᠭᠣᠣᠯ ᠪᠣᠯᠭᠠᠭᠰᠠᠨ ᠡᠩ ᠲᠡᠷᠢᠭᠦᠨ ᠦ᠌ ᠪᠣᠳᠣᠯᠭ᠎ᠠ ᠶᠠᠪᠤᠭᠤᠯᠤᠯᠭ᠎ᠠ ᠨᠢ ᠠᠷᠠᠳ ᠣᠯᠠᠨ ᠤ᠋ ᠠᠵᠤ ᠪᠠᠢᠳᠠᠯ ᠢ᠋ ᠥᠭᠡᠳᠡ ᠲᠠᠲᠠᠬᠤ ᠲᠠᠯ᠎ᠠ ᠪᠠᠷ ᠶᠡᠷᠦ ᠨᠡᠮᠡᠷᠢ ᠪᠣᠯᠬᠤ ᠵᠦᠢᠯ ᠦᠭᠡᠢ ᠮᠡᠲᠦ ᠦᠵᠡᠭᠳᠡᠪᠡ᠃ ᠵᠢᠰᠢᠶᠠᠯᠠᠪᠠᠯ᠄ ᠲᠦᠮᠡᠨ ᠨᠠᠰᠤᠲᠤ᠂ ᠨᠠᠷᠠᠨ ᠭᠡᠷᠡᠯᠲᠦ ᠬᠠᠭᠠᠨ ᠭᠡᠳᠡᠭ ᠰᠦᠷ ᠪᠠᠳᠠᠷᠠᠩᠭᠤᠢ ᠶᠡᠬᠡ ᠴᠣᠯᠠ ᠭᠣᠩᠰᠢᠨᠲᠠᠢ᠂ ᠮᠣᠩᠭᠣᠯ ᠤᠯᠤᠰ ᠤ᠋ᠨ ᠡᠵᠡᠨ ᠬᠠᠭᠠᠨ ᠤ᠋《ᠨᠣᠮ ᠤ᠋ᠨ ᠬᠦᠨᠡᠰᠦ》 ᠰᠢᠳᠠᠷ ᠪᠠᠷᠠᠭ᠎ᠠ(ᠪᠠᠷ᠎ᠠ) ᠪᠣᠯᠬᠤ ᠥᠴᠢᠨᠡᠨ ᠲᠥᠴᠢᠨᠡᠨ ᠬᠥᠮᠦᠨ ᠦ᠌ ᠵᠠᠷᠤᠳᠠᠯ᠂ ᠪᠡᠭᠡᠵᠢᠩ ᠡᠴᠡ ᠴᠠᠯᠢᠩ ᠹᠦᠩᠯᠦ ᠠᠪᠬᠤ ᠶ᠋ᠢ ᠪᠠᠢᠭᠠᠳ᠂ ᠰᠢᠨ᠎ᠡ ᠬᠠᠭᠠᠨ ᠤ᠋ ᠬᠦᠨᠳᠦ ᠬᠡᠰᠢᠭ᠂ ᠬᠡᠷᠬᠢᠮ ᠵᠡᠷᠭᠡ ᠬᠦᠷᠲᠡᠭᠰᠡᠨ ᠣᠯᠠᠨ ᠬᠠᠨ ᠸᠠᠩ᠂ ᠪᠡᠢᠯᠡ᠂ ᠪᠡᠢᠰᠡ᠂ ᠬᠤᠲᠤᠭᠲᠤ ᠬᠤᠪᠢᠯᠭᠠᠨ ᠤ᠋ ᠲᠡᠷᠡ ᠶᠡᠬᠡ ᠵᠠᠷᠤᠳᠠᠯ᠂ ᠣᠳᠣ ᠠ᠋ᠴᠠ ᠡᠬᠢᠯᠡᠨ ᠬᠥᠭᠡᠷᠦᠬᠦᠢ ᠥᠨᠥᠬᠢ ᠯᠡ ᠵᠣᠪᠠᠯᠠᠩᠲᠤ ᠠᠷᠠᠳ ᠤ᠋ᠨ ᠬᠦᠵᠦᠭᠦᠨ ᠳᠡᠭᠡᠷ᠎ᠡ ᠪᠠᠭᠤᠬᠤ ᠠᠵᠢ᠃ ᠰᠢᠨ᠎ᠡ ᠵᠠᠰᠠᠭ ᠤ᠋ᠨ ᠣᠯᠠᠨ ᠠᠯᠪᠠᠨ ᠭᠠᠵᠠᠷ᠂ ᠣᠳᠣ ᠠ᠋ᠴᠠ ᠨᠤᠲᠤᠭ ᠤᠰᠤ᠂ ᠲᠠᠯ᠎ᠠ ᠲᠣᠬᠣᠢ᠂ ᠲᠠᠨᠢᠯ ᠲᠥᠷᠥᠯ ᠢ᠋ᠶ᠋ᠡᠨ ᠲᠠᠲᠠᠵᠤ ᠣᠷᠣᠵᠠᠭᠠᠨ ᠪᠣᠢ ᠡᠳᠦᠢ ᠲᠡᠳᠦᠢ ᠠᠯᠪᠠᠨ ᠬᠠᠭᠠᠭᠴᠢ᠂ ᠥᠴᠢᠨᠡᠨ ᠲᠥᠴᠢᠨᠡᠨ ᠲᠦᠰᠢᠮᠡᠯ ᠪᠢᠴᠢᠭᠡᠴᠢ ᠶ᠋ᠢᠨ ᠴᠠᠯᠢᠩ ᠬᠡᠷᠡᠭᠯᠡᠯ ᠲᠡᠷᠢᠭᠦᠲᠡᠨ ᠢ᠋ ᠠᠷᠠᠳ ᠠ᠋ᠴᠠ ᠭᠤᠪᠴᠢᠨ ᠭᠠᠷᠭᠠᠭᠤᠯᠬᠤ ᠠ᠋ᠴᠠ ᠥᠭᠡᠷ᠎ᠡ ᠬᠡᠨ ᠡᠴᠡ ᠲᠠᠲᠠᠬᠤ ᠠᠵᠢ᠃ ᠬᠦᠷᠢᠶ᠎ᠡ ᠬᠡᠢᠳ ᠦ᠋ᠨ ᠯᠠᠮᠠ ᠨᠠᠷ ᠲᠤ᠌ ᠲᠤᠰᠢᠶᠠᠵᠤ᠂ ᠴᠢᠨᠠᠳᠤ ᠶ᠋ᠢᠨ ᠳᠠᠢᠰᠤᠨ ᠢ᠋ ᠳᠠᠷᠤᠬᠤ ᠨᠣᠮ ᠭᠦᠷᠢᠮ ᠬᠢᠯᠭᠡᠵᠦ᠂ ᠬᠢᠲᠠᠳ ᠴᠡᠷᠢᠭ ᠦ᠋ᠨ ᠡᠷᠬᠡᠲᠡᠨ ᠦ᠌ ᠡᠰᠡᠷᠭᠦ ᠬᠠᠷᠢᠶᠠᠯ ᠬᠢᠪᠡᠯ ᠳᠠᠷᠤᠭᠳᠠᠨ᠎ᠠ ᠭᠡᠵᠦ ᠦᠬᠦᠰᠢᠷᠡᠲᠡᠯ᠎ᠡ ᠪᠣᠳᠣᠳᠠᠭ᠂ ᠲᠤᠯᠭᠤᠷ* ᠲᠥᠷᠥ ᠶ᠋ᠢᠨ ᠡᠵᠡᠨ᠂ ᠱᠠᠰᠢᠨ ᠲᠥᠷᠥ ᠶ᠋ᠢ ᠬᠣᠣᠰᠯᠠᠨ ᠪᠠᠷᠢᠭᠴᠢ ᠬᠠᠭᠠᠨ᠂ ᠰᠢᠨ᠎ᠡ ᠰᠠᠢᠬᠠᠨ ᠴᠣᠯᠠ᠂ ᠭᠠᠳᠠᠭᠰᠢ ᠭᠠᠷᠬᠤ ᠶᠠᠪᠤᠬᠤ ᠳ᠋ᠠᠭᠠᠨ ᠬᠡᠷᠡᠭᠯᠡᠬᠦ ᠲᠥᠷᠥ ᠶᠢᠨ ᠵᠢᠭᠰᠠᠭᠠᠯ ᠤ᠋ᠨ ᠰᠦᠷ ᠲᠡᠢ ᠳᠦᠷᠢᠮ ᠢ᠋ᠶ᠋ᠡᠷ ᠭᠠᠢᠬᠠᠭᠤᠯᠤᠭᠠᠳ᠂ ᠰᠣᠨᠢᠨ ᠪᠢᠴᠢᠭ ᠦᠵᠡᠳᠡᠭ ᠦᠭᠡᠢ ᠤᠴᠢᠷ᠂ ᠭᠠᠭᠴᠠᠬᠦ(ᠭᠠᠭᠴᠠ ᠬᠦ᠌) ᠬᠦᠷᠢᠶᠡᠨ ᠦ᠌ ᠵᠠᠬ᠎ᠠ ᠵᠡᠭᠡᠯᠢ ᠶ᠋ᠢᠨ ᠭᠠᠵᠠᠷ ᠳᠡᠮᠡᠢ ᠪᠠᠯᠠᠢ ᠬᠡᠯᠡᠯᠴᠡᠨ ᠪᠠᠢᠭ᠎ᠠ ᠳᠠᠮ(ᠳᠠᠮ) ᠦᠭᠡ ᠴᠤᠤᠷᠬᠠᠯ ᠢ᠋ ᠢᠲᠡᠭᠡᠵᠦ ᠰᠠᠭᠤᠳᠠᠭ ᠶᠠᠩᠪᠠᠲᠠᠨ ᠰᠠᠢᠳ ᠤ᠋ᠳ᠂ ᠬᠦᠷᠢᠶᠡᠨ ᠦ᠌ ᠮᠠᠨᠵᠤ ᠴᠡᠷᠢᠭ ᠡᠴᠡ ᠥᠮᠴᠢᠯᠡᠵᠦ ᠦᠯᠡᠳᠡᠭᠰᠡᠨ ᠳᠥᠷᠪᠡᠨ ᠬᠠᠭᠤᠴᠢᠨ ᠬᠢᠲᠠᠳ ᠭᠣᠨᠣᠩ ᠫᠤᠤ ᠶ᠋ᠢ ᠬᠠᠷᠪᠢᠨ ᠬᠣᠲᠠ ᠶ᠋ᠢᠨ ᠵᠠᠯᠢᠬᠠᠢ ᠶᠠᠪᠤᠭᠤᠯ ᠲᠥᠮᠡᠨᠪᠠᠶᠠᠷ ᠭᠡᠳᠡᠭ ᠳᠣᠲᠣᠨᠣ ᠬᠥᠮᠦᠨ ᠢ᠋ᠶ᠋ᠡᠷ ᠢ᠋ᠶ᠋ᠡᠨ ᠳᠠᠷᠤᠭᠠᠯᠭᠤᠯᠪᠡᠯ᠂ ᠲᠤᠩ ᠶᠡᠬᠡ ᠬᠦᠴᠦᠷᠡᠭᠡ ᠲᠣᠭᠰᠢᠨ ᠰᠦᠷᠲᠦ ᠵᠡᠪᠰᠡᠭ ᠭᠡᠵᠦ ᠪᠣᠳᠣᠬᠤ ᠰᠤᠷ ᠬᠠᠷᠪᠤᠬᠤ ᠬᠣᠶᠠᠷ ᠠ᠋ᠴᠠ ᠥᠭᠡᠷ᠎ᠡ ᠴᠡᠷᠢᠭ ᠦ᠋ᠨ ᠡᠷᠳᠡᠮ ᠦᠭᠡᠢ ᠴᠡᠷᠢᠭ ᠦ᠋ᠨ ᠶᠠᠮᠤᠨ ᠤ᠋ ᠰᠠᠢᠳ ᠳᠠᠯᠠᠢ ᠸᠠᠩ᠂ ᠱᠠᠭᠠᠢ ᠬᠠᠷᠪᠤᠬᠤ ᠳ᠋ᠠᠭᠠᠨ ᠰᠠᠢᠨ᠂ ᠪᠤᠰᠤᠳ ᠲᠤ᠌  ᠪᠣᠭᠳᠠ ᠬᠠᠭᠠᠨ᠂ ᠴᠣᠢᠵᠣᠩ ᠨᠣᠮ ᠤ᠋ᠨ ᠰᠠᠬᠢᠭᠤᠯᠰᠤᠨ ᠤ᠋ ᠠᠪᠤᠷᠠᠯ ᠳ᠋ᠤ᠌ ᠳᠠᠭᠠᠳᠬᠠᠨ ᠰᠠᠭᠤᠳᠠᠭ ᠰᠠᠩ ᠤ᠋ᠨ ᠶᠠᠮᠤᠨ ᠤ᠋ ᠰᠠᠢᠳ᠂ ᠴᠢᠩᠭᠢᠰ ᠦ᠋ᠨ ᠤᠭᠰᠠᠭ᠎ᠠ ᠶ᠋ᠢᠨ ᠲᠦᠰᠢᠶᠡᠲᠦ ᠬᠠᠨ᠂ ᠳᠡᠯᠡᠬᠡᠢ ᠶᠢᠷᠲᠢᠨᠴᠦ ᠬᠡᠷᠬᠢᠨ ᠪᠣᠢ ᠪᠣᠯᠵᠤ ᠬᠠᠭᠠᠳ ᠤ᠋ᠨ ᠤᠭᠰᠠᠭ᠎ᠠ ᠶ᠋ᠢ ᠬᠠᠮᠢᠭ᠎ᠠ ᠠ᠋ᠴᠠ ᠤᠯᠠᠮᠵᠢᠯᠠᠭᠰᠠᠨ ᠢ᠋ ᠥᠭᠦᠯᠡᠭᠰᠡᠨ ᠪᠣᠯᠣᠷ ᠲᠣᠯᠢ ᠭᠡᠳᠡᠭ ᠪᠢᠴᠢᠭ ᠲᠦ᠍ ᠭᠠᠷᠳᠠᠭ ᠨᠣᠬᠠᠢ ᠡᠷᠡᠲᠡᠨ ᠦ᠌ ᠵᠡᠷᠭᠡ ᠭᠠᠢᠬᠠᠮᠰᠢᠭᠲᠤ ᠬᠥᠮᠦᠨ ᠠᠮᠢᠲᠠᠨ ᠣᠷᠣᠰ ᠴᠠᠭᠠᠨ ᠬᠠᠭᠠᠨ ᠤ᠋ ᠨᠤᠲᠤᠭ ᠲᠤ᠌ ᠪᠠᠢᠳᠠᠭ᠂ ᠰᠦᠮᠪᠦᠷ ᠶᠡᠬᠡ ᠠᠭᠤᠯᠠ ᠶ᠋ᠢᠨ ᠳᠥᠷᠪᠡᠨ ᠵᠦᠭ ᠲᠦ᠍ ᠳᠥᠷᠪᠡᠨ ᠲᠢᠪ ᠪᠠᠢᠳᠠᠭ ᠢ᠋ ᠪᠠᠷᠠᠭᠤᠨ ᠳᠠᠯᠠᠢ ᠶ᠋ᠢᠨ ᠪᠤᠷᠤᠭᠤ ᠨᠣᠮᠲᠠᠨ᠂ ᠲᠠᠪᠤᠨ ᠲᠢᠪ ᠭᠡᠵᠦ ᠡᠨᠳᠡᠭᠦᠷᠡᠵᠦ ᠪᠠᠢᠳᠠᠭ ᠭᠡᠵᠦ ᠦᠵᠡᠳᠡᠭ ᠪᠥᠭᠡᠳ ᠪᠤᠰᠤᠳ ᠰᠠᠢᠳ ᠤ᠋ᠳ ᠠᠯᠢᠪᠠ ᠬᠡᠷᠡᠭ ᠶᠠᠪᠤᠳᠠᠯ ᠳ᠋ᠤ᠌ ᠡᠷᠬᠡᠪᠰᠢ ᠦᠭᠡ ᠶ᠋ᠢ ᠨᠢ ᠰᠣᠨᠣᠰᠤᠨ ᠳᠠᠭᠠᠪᠠᠯ ᠵᠣᠬᠢᠬᠤ᠂《ᠱᠠᠰᠢᠨ ᠲᠥᠷᠥ ᠳ᠋ᠦ᠍ ᠲᠤᠰᠠᠯᠠᠬᠤ ᠰᠠᠢᠳ᠂ ᠨᠣᠮ ᠤ᠋ᠨ ᠬᠠᠨ》 ᠭᠡᠳᠡᠭ ᠰᠦᠷ ᠲᠡᠢ ᠴᠣᠯᠠ ᠭᠣᠩᠰᠢᠨᠳᠠᠢ ᠯᠠᠮᠠ ᠰᠠᠢᠳ᠂ ᠲᠥᠷᠥ ᠶ᠋ᠢᠨ ᠠᠯᠢᠪᠠ ᠦᠢᠯᠡᠰ ᠲᠦ᠍ ᠰᠠᠨᠠᠯ ᠵᠥᠪᠯᠡᠯ ᠥᠭᠴᠦ ᠪᠠᠢᠳᠠᠭ ᠨᠢ ᠬᠠᠴᠢᠨ ᠰᠠᠨᠠᠭᠳᠠᠵᠠᠢ᠃  
       ᠪᠠᠲᠤᠪᠠᠶᠠᠷ ᠪᠠᠰᠠ ᠥᠪᠥᠷᠯᠡᠭᠴᠢᠳ ᠦ᠋ᠨ ᠬᠡᠳᠦᠨ ᠨᠣᠶᠠᠳ᠂ ᠳᠤᠮᠳᠠᠳᠤ ᠤᠯᠤᠰ ᠡᠰᠡ ᠬᠦᠯᠢᠶᠡᠪᠡᠯ᠂ ᠰᠢᠨ᠎ᠡ ᠮᠣᠩᠭᠣᠯ ᠤᠯᠤᠰ ᠬᠡᠷᠬᠢᠨ ᠲᠣᠭᠲᠠᠨᠢᠵᠤ ᠠᠬᠤ ᠪᠣᠢ᠃ ᠠᠷᠤ ᠮᠣᠩᠭᠣᠯ ᠤ᠋ᠨ ᠲᠥᠷᠥ ᠶ᠋ᠢᠨ ᠵᠢᠳᠬᠦᠯᠲᠡᠨ ᠶᠠᠮᠠᠷ ᠭᠠᠳᠠᠭᠠᠳᠤ ᠤᠯᠤᠰ ᠤ᠋ᠨ ᠲᠤᠰᠠᠯᠠᠮᠵᠢ ᠭᠣᠷᠢᠳᠠᠵᠤ᠂ ᠬᠡᠷᠪᠡ ᠲᠡᠢᠮᠦ ᠲᠤᠰᠠᠯᠠᠬᠤ ᠡᠲᠡᠭᠡᠳ ᠪᠣᠢ ᠠᠬᠤᠯ᠎ᠠ᠂ ᠠᠴᠢ ᠶ᠋ᠢ ᠶᠠᠭᠤ ᠪᠠᠷ ᠬᠠᠷᠢᠭᠤᠯᠬᠤ ᠪᠣᠳᠣᠯᠭ᠎ᠠ ᠲᠠᠢ ᠪᠢᠯᠡ* ᠭᠡᠳᠡᠭ ᠢ᠋ ᠪᠣᠳᠣᠵᠤ ᠶᠠᠪᠤᠪᠠ᠃  

— — — — 
* ᠶᠠᠺᠣᠪ ᠺᠣᠯᠠᠰ(1882 ᠣᠨ ᠳ᠋ᠤ᠌ ᠲᠥᠷᠥᠵᠡᠢ) ᠪᠧᠯᠣᠷᠦ᠋ᠰ ᠦ᠋ᠨ ᠰᠢᠯᠦᠭᠴᠢ   
* ᠲᠤᠯᠭᠤᠷ ᠲᠥᠷᠥ ᠭᠡᠵᠦ ᠰᠢᠨ᠎ᠡ ᠳᠣᠳᠣᠮ ᠪᠠᠢᠭᠤᠯᠤᠭᠰᠠᠨ ᠲᠥᠷᠥ ᠭᠡᠰᠡᠨ ᠦᠭᠡ᠃  
* ᠲᠡᠭᠡᠵᠦ ᠠᠰᠠᠭᠤᠭᠰᠠᠨ ᠨᠢ ᠦᠨᠡᠨ ᠬᠡᠷᠡᠭ ᠪᠢᠯᠡ᠃   

       ᠲᠡᠷᠡ ᠵᠠᠬᠢᠳᠠᠯ ᠤ᠋ᠨ ᠬᠠᠷᠢᠭᠤ ᠳ᠋ᠤ᠌᠂ ᠨᠣᠶᠠᠳ ᠹᠧᠣᠳᠠᠯ ᠤ᠋ᠳ ᠬᠠᠷᠢᠭᠤ ᠲᠠᠯᠪᠢᠬᠤ ᠳ᠋ᠠᠭᠠᠨ᠂ ᠪᠢᠳᠡ ᠬᠠᠭᠠᠨ ᠰᠢᠷᠡᠭᠡᠨ᠎ᠡ ᠱᠠᠰᠢᠨ ᠢ᠋ ᠮᠠᠨᠳᠤᠭᠤᠯᠬᠤ᠂ ᠠᠮᠢᠲᠠᠨ ᠢ᠋ ᠵᠢᠷᠭᠠᠭᠤᠯᠤᠭᠴᠢ ᠪᠣᠭᠳᠠ ᠭᠡᠭᠡᠬᠡᠨ(ᠭᠡᠭᠡᠨ) ᠢ᠋ ᠵᠠᠯᠠᠪᠠ᠃ ᠪᠣᠭᠳᠠ ᠭᠡᠭᠡᠬᠡᠨ(ᠭᠡᠭᠡᠨ) ᠦ᠌ ᠠᠪᠤᠷᠠᠯ ᠢ᠋ᠶ᠋ᠠᠷ ᠪᠢᠳᠡᠨ ᠳ᠋ᠦ᠍ ᠴᠠᠭᠠᠨ ᠳ᠋ᠠᠷ᠎ᠠ ᠡᠬᠡ ᠶ᠋ᠢᠨ ᠬᠤᠪᠢᠯᠭᠠᠨ᠂ ᠣᠷᠣᠰ ᠤ᠋ᠨ ᠪᠠᠭᠠᠲᠤᠷ ᠴᠠᠭᠠᠨ ᠬᠠᠭᠠᠨ ᠲᠤᠰᠠᠯᠠᠵᠤ᠂ ᠪᠢᠳᠡᠨ ᠦ᠌ ᠬᠦᠰᠡᠯ ᠪᠦᠬᠦᠨ ᠠᠶᠠᠨᠳᠠᠭᠠᠨ ᠪᠦᠲᠦᠵᠦ᠂ ᠤᠯᠤᠰ ᠲᠥᠷᠥ ᠡᠩᠬᠡ ᠠᠮᠤᠭᠤᠯᠠᠩ ᠢ᠋ ᠡᠳ᠋ᠯᠡᠨ᠎ᠡ ᠭᠡᠵᠦ ᠬᠠᠷᠢᠭᠤᠯᠤᠭᠰᠠᠨ ᠠᠵᠢ᠃ ᠡᠨᠡ ᠲᠤᠬᠠᠢ ᠨᠢᠭᠡᠨ ᠬᠢᠲᠠᠳ ᠰᠡᠳᠬᠦᠯᠴᠢ᠂ ᠭᠠᠳᠠᠭᠠᠳᠤ ᠮᠣᠩᠭᠣᠯ ᠤ᠋ᠨ ᠰᠠᠬᠠᠯᠲᠤ ᠬᠡᠦᠬᠡᠳ ᠦ᠋ᠳ᠂ ᠤᠯᠤᠰ ᠪᠣᠯᠵᠤ ᠲᠣᠭᠯᠠᠵᠤ ᠪᠠᠢᠭ᠎ᠠ ᠭᠡᠵᠦ ᠰᠣᠨᠢᠨ ᠳ᠋ᠤ᠌ ᠪᠢᠴᠢᠭᠰᠡᠨ ᠪᠢᠯᠡ᠃ 
       ᠨᠠᠰᠤᠨᠪᠠᠲᠤ ᠪᠡᠭᠡᠵᠢᠩ ᠳ᠋ᠦ᠍ ᠪᠠᠢᠬᠤ ᠦᠶᠡᠰ᠂ ᠲᠡᠷᠡ ᠰᠣᠨᠢᠨ ᠢ᠋ ᠣᠯᠵᠤ ᠦᠵᠡᠭᠡᠳ᠂ ᠡᠯᠢᠭᠡ ᠪᠡᠨ ᠬᠥᠰᠢᠲᠡᠯ᠎ᠡ ᠢᠨᠢᠶᠡᠵᠦ ᠪᠢᠯᠡ᠃ ᠪᠠᠲᠤᠪᠠᠶᠠᠷ ᠲᠡᠭᠦᠨ ᠢ᠋ ᠰᠣᠨᠣᠰᠤᠭᠠᠳ᠂ ᠲᠡᠷᠡ ᠬᠢᠲᠠᠳ ᠰᠡᠳᠬᠦᠯᠴᠢ ᠳ᠋ᠦ᠍ ᠤᠯᠤᠰ ᠮᠣᠩᠭᠣᠯ ᠢ᠋ᠶ᠋ᠠᠨ ᠮᠠᠭᠤ ᠬᠡᠯᠡᠭᠦᠯᠬᠦ ᠳᠤᠷ᠎ᠠ ᠦᠭᠡᠢ᠂ ᠵᠢᠪᠡᠭᠦᠦ ᠨᠢ ᠬᠦᠷᠴᠦ ᠪᠠᠢᠭᠰᠠᠨ ᠪᠢᠯᠡ᠃ ᠬᠠᠷᠢ ᠭᠠᠵᠠᠷ ᠤ᠋ᠨ ᠬᠣᠯᠠ ᠠ᠋ᠴᠠ ᠣᠯᠠᠨ ᠶᠠᠭᠤᠮ᠎ᠠ ᠵᠦᠭᠡᠷ ᠰᠠᠨᠠᠭᠳᠠᠵᠤ ᠪᠠᠢᠭᠰᠠᠨ ᠨᠢ᠂ ᠳᠡᠷᠭᠡᠳᠡ ᠨᠢ ᠬᠦᠷᠦᠭᠡᠳ ᠢᠷᠡᠬᠦ ᠳ᠋ᠦ᠍ ᠣᠨᠳᠣᠣ ᠦᠵᠡᠭᠳᠡᠳᠡᠭ ᠪᠠᠢᠵᠠᠢ᠃ ᠨᠠᠰᠤᠨᠪᠠᠲᠤ᠂ ᠲᠡᠷᠡ ᠬᠢᠲᠠᠳ ᠰᠡᠳᠬᠦᠯᠴᠢ ᠶ᠋ᠢ ᠣᠷᠣ ᠲᠠᠢ ᠶᠠᠭᠤᠮ᠎ᠠ ᠫᠤᠤᠳᠠᠭᠰᠠᠨ ᠭᠡᠵᠦ ᠪᠣᠳᠣᠳᠠᠭ ᠨᠢ ᠪᠠᠷᠤᠭ ᠵᠥᠪ ᠴᠦ᠍ ᠪᠣᠯᠵᠤ ᠪᠠᠢᠨᠠᠤ ᠳᠠ᠃ ᠡᠨᠡ ᠪᠦᠭᠦᠳᠡ ᠳ᠋ᠦ᠍ ᠭᠠᠭᠴᠠ ᠵᠦᠭᠡᠷ ᠨᠢ ᠶᠠᠭᠤ  ᠪᠣᠢ ᠭᠡᠬᠦ ᠳ᠋ᠦ᠍᠂ ᠤᠯᠤᠰ ᠣᠯᠠᠨ ᠤ᠋ ᠣᠶᠤᠨ ᠰᠡᠳᠬᠢᠯ ᠢ᠋ ᠳᠠᠷᠤᠯᠠᠨ ᠳᠣᠷᠣᠮᠵᠢᠯᠠᠵᠤ ᠪᠠᠢᠭᠰᠠᠨ ᠬᠠᠷᠢ ᠶ᠋ᠢᠨ ᠪᠣᠭᠣᠯᠴᠢᠯᠠᠨ ᠳᠠᠷᠤᠯᠠᠭᠴᠢ ᠡᠲᠡᠭᠡᠳ ᠦ᠋ᠨ ᠲᠠᠯᠬᠢᠨ ᠠ᠋ᠴᠠ ᠠᠷᠠᠳ ᠣᠯᠠᠨ ᠰᠠᠯᠵᠤ ᠠᠩᠭᠢᠵᠢᠷᠠᠭᠰᠠᠨ ᠨᠢ ᠵᠦᠭᠡᠷ ᠪᠣᠯᠤᠯᠲᠠᠢ᠃ ᠣᠳᠣ᠂ ᠠᠷᠠᠳ ᠲᠦᠮᠡᠨ ᠤᠷᠢᠳᠠ (ᠤᠷᠢᠳ)ᠠᠵᠢᠭᠯᠠᠵᠤ ᠦᠵᠡᠳᠡᠭ ᠦᠭᠡᠢ ᠶᠠᠭᠤᠮ᠎ᠠ ᠶ᠋ᠢ ᠶᠠᠪᠤᠨ ᠶᠠᠪᠤᠭᠰᠠᠭᠠᠷ ᠬᠠᠷᠠᠵᠤ ᠦᠵᠡᠬᠦ ᠨᠢᠳᠦ ᠨᠢ ᠨᠡᠭᠡᠭᠡᠭᠳᠡᠬᠦ ᠪᠢᠵᠡ ᠭᠡᠵᠦ ᠰᠡᠭᠦᠷᠡᠰᠦ ᠠᠯᠲᠠᠨ ᠪᠣᠳᠣᠵᠤ᠂ ᠡᠪᠦᠭᠡᠨ ᠨᠠᠢᠵᠠ ᠨᠥᠬᠥᠷ ᠲᠡᠭᠡᠨ ᠪᠠᠲᠤᠪᠠᠶᠠᠷ ᠪᠣᠳᠣᠵᠤ ᠰᠠᠨᠠᠭᠰᠠᠨ ᠢ᠋ᠶ᠋ᠠᠨ ᠶᠠᠷᠢᠵᠤ᠂ 
       — ᠶᠡᠸᠠᠨ(ᠢᠸᠠᠨ) ᠮᠢᠨᠢ᠂ ᠪᠢ ᠭᠠᠭᠴᠠ ᠴᠢᠮᠠᠲᠤ(ᠴᠢᠮ᠎ᠠ ᠳ᠋ᠤ᠌) ᠯᠠ ᠭᠡᠵᠦ ᠡᠭᠦᠨ ᠢ᠋ ᠬᠡᠯᠡᠵᠦ ᠪᠠᠢᠨ᠎ᠠ ᠰᠢᠦ᠃ ᠮᠠᠨᠠᠢᠬᠢᠨ(ᠮᠠᠨ ᠤ᠋ ᠬᠢᠨ) ᠳ᠋ᠦ᠍᠂ ᠲᠥᠷᠥ ᠶ᠋ᠢᠨ ᠲᠥᠯᠥᠭᠡ ᠣᠭᠣᠲᠣᠨ᠎ᠠ ᠪᠣᠭᠣᠮᠢᠯᠠᠵᠤ ᠦᠬᠦᠪᠡ ᠭᠡᠳᠡᠭ ᠰᠡᠴᠡᠨ ᠦᠭᠡ ᠪᠣᠢ ᠰᠢᠦ᠃ ᠪᠣᠳᠣᠭᠠᠳ ᠪᠣᠳᠣᠭᠠᠳ᠂ ᠲᠡᠷᠡ ᠣᠭᠣᠲᠣᠨ᠎ᠠ ᠰᠢᠭ᠋ ᠲᠤᠰᠠ ᠬᠢᠬᠦ ᠴᠢᠳᠠᠯ ᠦᠭᠡᠢ ᠪᠡᠨ ᠰᠠᠨᠠᠬᠤ ᠳ᠋ᠤ᠌ ᠲᠤᠩ ᠭᠠᠰᠢᠭᠤᠨ᠃ ᠮᠢᠨᠦ ᠬᠦᠦ ᠶ᠋ᠢᠨ ᠵᠠᠮ ᠴᠤ᠌᠂ ᠪᠢ ᠮᠡᠳᠡᠵᠦ ᠪᠠᠢᠨ᠎ᠠ᠂ ᠬᠠᠭᠠᠯᠲᠠᠲᠠᠢ ᠲᠠᠭ ᠠ᠃ ᠲᠡᠷᠡ ᠬᠥᠮᠦᠨ᠂ ᠤᠭ ᠠ᠋ᠴᠠ ᠰᠢᠳᠤᠷᠭᠤ ᠰᠢᠯᠤᠭᠤᠨ᠂ ᠬᠥᠮᠦᠨ ᠦ᠌ ᠪᠥᠭᠰᠡ ᠳᠣᠯᠢᠶᠠᠵᠤ ᠵᠢᠰᠤᠷᠳᠠᠬᠤ ᠬᠥᠮᠦᠨ ᠪᠢᠰᠢ᠃ ᠭᠡᠲᠡᠯ᠎ᠡ᠂ ᠮᠠᠨᠠᠢ (ᠮᠠᠨ ᠤ᠋) ᠡᠨᠳᠡ ᠨᠣᠶᠠᠨ ᠲᠦᠰᠢᠮᠡᠯ ᠪᠢᠰᠢ᠂ ᠵᠢᠷ ᠦ᠋ᠨ ᠬᠥᠮᠦᠨ᠂ ᠬᠡᠴᠢᠨᠡᠨ ᠴᠢᠳᠠᠯ ᠲᠠᠢ ᠪᠣᠯᠪᠠᠴᠤ ᠵᠢᠰᠤᠷᠳᠠᠬᠤ ᠨᠡᠢᠯᠡᠭᠦᠯᠬᠦ ᠦᠭᠡᠢ ᠪᠣᠯ ᠦᠭᠡ ᠦᠢᠯᠡᠰ ᠨᠢ ᠶᠠᠪᠤᠴᠠ ᠦᠭᠡᠢ ᠪᠠᠢᠳᠠᠭ᠃ ᠬᠠᠭᠤᠴᠢᠨ ᠤ᠋ ᠦᠭᠡᠨ ᠳ᠋ᠦ᠍ ᠲᠩᠷᠢ ᠳ᠋ᠦ᠍ ᠬᠡᠯᠡᠶ᠎ᠡ ᠲᠩᠷᠢ ᠬᠣᠯᠠ᠂ ᠭᠠᠵᠠᠷ ᠲᠤ᠌ ᠬᠡᠯᠡᠶ᠎ᠡ ᠭᠠᠵᠠᠷ ᠬᠠᠲᠠᠭᠤ ᠭᠡᠳᠡᠭ ᠨᠢ ᠤᠴᠢᠷ ᠲᠠᠢ ᠦᠭᠡ ᠰᠢᠦ ᠭᠡᠬᠦ ᠳ᠋ᠦ᠍ᠨᠢ ᠡᠪᠦᠭᠡᠨ ᠢᠧᠠᠨ᠂ ᠨᠥᠬᠥᠷ ᠦ᠋ᠨ ᠰᠡᠳᠬᠢᠯ ᠢ᠋ ᠲᠡᠵᠢᠭᠡᠵᠦ᠂ 
       — ᠰᠡᠳᠬᠢᠯ ᠢ᠋ᠶ᠋ᠡᠨ ᠪᠢᠲᠡᠭᠡᠢ ᠴᠢᠯᠡ᠂ ᠪᠤᠭᠤᠷᠤᠯ ᠨᠠᠢᠵᠠ ᠮᠢᠨᠢ᠃ ᠮᠠᠨᠠᠢ ᠣᠷᠣᠰ ᠤ᠋ᠨ ᠬᠠᠭᠤᠴᠢᠨ ᠦᠭᠡᠨ ᠳ᠋ᠦ᠍ ᠮᠠᠨᠠᠢ ᠭᠤᠳᠤᠮᠵᠢᠨ ᠳ᠋ᠤ᠌ ᠴᠤ᠌ ᠪᠠᠰᠠ ᠪᠠᠶᠠᠷ ᠪᠠᠬᠠᠳᠤᠯ ᠪᠣᠯᠬᠤ ᠴᠠᠭ ᠪᠣᠢ ᠭᠡᠳᠡᠭ ᠦᠭᠡ ᠪᠣᠢ᠃ ᠲᠡᠷᠡ ᠪᠣᠯ ᠮᠥᠨ ᠴᠦ᠍ ᠲᠦᠮᠡᠨ ᠵᠥᠪ ᠦᠭᠡ ᠰᠢᠦ ᠨᠥᠬᠥᠷ ᠮᠢᠨᠢ᠂ ᠮᠠᠨᠠᠢ ᠣᠷᠣᠰ ᠭᠠᠵᠠᠷ ᠴᠤ᠌᠂ ᠠᠷᠠᠳ ᠠᠮᠢᠲᠠᠨ ᠪᠠᠰᠠ ᠯᠠ ᠭᠠᠰᠢᠭᠤᠨ ᠵᠣᠪᠠᠯᠠᠩ ᠲᠠᠢ ᠶ᠋ᠢ ᠬᠡᠯᠡᠭᠡᠳ ᠶᠠᠭᠠᠬᠢᠬᠤ ᠪᠣᠢ᠃ ᠬᠦᠦ ᠮᠢᠨᠢ᠂ ᠶᠠᠫᠣᠨ ᠲᠡᠢᠨ ᠡᠴᠡ ᠥᠷᠥᠭᠡᠰᠦᠨ ᠬᠥᠯ ᠭᠠᠷ ᠦᠭᠡᠢ ᠪᠣᠯᠵᠤ ᠢᠷᠡᠭᠡᠳ᠂ ᠬᠠᠷᠢᠨ ᠬᠠᠯᠠ ᠦᠵᠡᠵᠦ ᠬᠠᠰᠢᠷ ᠰᠠᠭᠤᠵᠤ᠂ ᠡᠵᠡᠨ ᠬᠠᠭᠠᠨ ᠳ᠋ᠤ᠌ ᠪᠢᠰᠢᠷᠡᠳᠡᠭ ᠮᠤᠬᠤᠷ ᠪᠢᠰᠢᠷᠡᠯ ᠢ᠋ᠶ᠋ᠡᠨ ᠠᠯᠳᠠᠭᠠᠳ ᠢᠷᠡᠵᠡᠢ᠃ ᠲᠡᠷᠡ ᠲᠡᠢᠨ ᠢ᠋ᠶ᠋ᠡᠷ ᠣᠯᠠᠨ ᠠᠮᠢᠲᠠᠨ ᠤ᠋ ᠨᠢᠳᠦ ᠨᠢ ᠨᠡᠭᠡᠭᠡᠭᠳᠡᠵᠦ᠂ ᠰᠦᠪᠡ ᠨᠢ ᠣᠩᠭᠣᠢᠭᠰᠠᠨ ᠪᠣᠯᠤᠯᠲᠠᠢ᠂ ᠴᠢ ᠪᠢᠳᠡ ᠬᠣᠶᠠᠷ ᠤ᠋ᠨ ᠡᠨᠡ ᠨᠠᠰᠤᠨ ᠳ᠋ᠤ᠌ ᠪᠠᠰᠠ ᠨᠢᠭᠡ ᠲᠡᠢᠮᠦ ᠶᠡᠬᠡ ᠲᠡᠢᠨ ᠪᠣᠯᠪᠠᠯ᠎ᠠ (ᠪᠣᠯᠪᠠᠯ)᠂ ᠣᠷᠣᠰ ᠭᠠᠵᠠᠷ᠂ ᠠᠷᠠᠳ ᠠᠮᠢᠲᠠᠨ ᠫᠤᠤ ᠪᠠᠨ ᠵᠠᠪᠠᠯ ᠬᠠᠭᠠᠨ ᠨᠣᠶᠠᠳ ᠤ᠋ᠨ ᠥᠭᠡᠳᠡ ᠡᠴᠡ ᠬᠠᠷᠠᠭᠤᠯᠤᠨ᠎ᠠ ᠳᠠ᠃ ᠪᠢ ᠡᠷᠳᠡᠮ ᠨᠣᠮ ᠦᠭᠡᠢ ᠪᠣᠯᠪᠠᠴᠤ᠂ ᠲᠡᠭᠦᠨ ᠡᠴᠡ ᠵᠠᠢᠯᠠᠬᠤ ᠦᠭᠡᠢ ᠶ᠋ᠢ ᠬᠠᠷ᠎ᠠ ᠤᠬᠠᠭᠠᠨ ᠢ᠋ᠶ᠋ᠠᠷ ᠢ᠋ᠶ᠋ᠠᠨ ᠲᠠᠭᠠᠮᠠᠭᠯᠠᠵᠤ ᠮᠡᠳᠡᠵᠦ ᠪᠠᠢᠨ᠎ᠠ᠃ 
       ᠲᠡᠷᠡ ᠵᠢᠯ᠂ ᠮᠠᠨᠠᠢ ᠳ᠋ᠤ᠌ ᠴᠢ ᠪᠢᠳᠡ ᠬᠣᠶᠠᠷ᠂ ᠪᠣᠯᠱᠧᠸᠢᠭ ᠭᠡᠵᠦ ᠶᠠᠷᠢᠵᠤ ᠪᠠᠢᠭᠰᠠᠨ ᠪᠢᠯᠡ᠂ ᠰᠣᠨᠣᠰᠤᠭᠠᠳ ᠪᠠᠢᠪᠠᠯ᠂ ᠶᠣᠰᠣᠲᠠᠢ ᠵᠥᠪ ᠪᠣᠳᠣᠯᠭ᠎ᠠ ᠲᠠᠢ᠂ ᠡᠭᠡᠯ ᠣᠯᠠᠨ ᠳᠠᠰᠢ ᠨᠠᠰᠢ ᠪᠠᠨ ᠬᠠᠷᠠᠭᠰᠠᠨ ᠤᠯᠤᠰ ᠪᠠᠢᠭ᠎ᠠ ᠶᠤᠮ ᠰᠢᠦ ᠳᠡ᠃ ᠡᠨᠡ ᠲᠤᠬᠠᠢ ᠶᠡᠷᠦ᠂ ᠣᠰᠣᠯ ᠦᠭᠡᠢ ᠦᠨᠡᠨ ᠭᠡᠵᠦ ᠪᠣᠳᠣ᠃ ᠣᠯᠠᠨ ᠳ᠋ᠤ᠌ ᠤᠴᠢᠷ ᠤᠳᠬ᠎ᠠ ᠶ᠋ᠢ ᠲᠠᠨᠢᠭᠤᠯᠵᠤ᠂ ᠨᠢᠳᠦ ᠶ᠋ᠢ ᠨᠢ ᠨᠡᠭᠡᠭᠡᠵᠦ ᠥᠭᠳᠡᠭ ᠤᠯᠤᠰ ᠪᠣᠯᠱᠧᠸᠢᠭ ᠶᠦᠮ ᠪᠠᠢᠨ᠎ᠠ ᠰᠢᠦ᠃ ᠮᠢᠨᠦ ᠬᠦᠦ᠂ ᠨᠠᠳᠠᠳᠤ ᠶᠠᠷᠢᠬᠤ ᠳ᠋ᠠᠭᠠᠨ᠂ ᠪᠣᠯᠱᠧᠸᠢᠭ ᠦ᠋ᠳ ᠬᠦᠴᠦ ᠶᠡᠬᠡᠲᠡᠢ ᠪᠣᠯᠵᠤ ᠢᠷᠡᠪᠡᠯ᠂ ᠣᠷᠣᠰ ᠭᠠᠵᠠᠷ ᠤ᠋ᠨ ᠪᠦᠬᠦ ᠠᠷᠠᠳ ᠣᠯᠠᠨ ᠤ᠋ ᠠᠵᠤ ᠲᠥᠷᠥᠬᠦ ᠳ᠋ᠦ᠍ ᠶᠡᠬᠡᠯ᠎ᠡ(ᠶᠡᠬᠡ ᠯᠡ) ᠬᠥᠩᠭᠡᠨ ᠰᠠᠢᠬᠠᠨ ᠪᠣᠯᠵᠤ ᠥᠭᠬᠦ ᠶᠦᠮ᠃ ᠪᠣᠯᠱᠧᠸᠢᠭ ᠦ᠋ᠳ ᠣᠯᠠᠨ ᠳ᠋ᠤ᠌ ᠢᠲᠡᠭᠡᠯᠲᠡᠢ(ᠢᠲᠡᠭᠡᠯ ᠲᠡᠢ) ᠲᠦᠰᠢᠭᠲᠡᠢ ᠪᠣᠯᠬᠤ ᠨᠢ ᠭᠠᠷᠴᠠᠭ᠎ᠠ ᠦᠭᠡᠢ ᠬᠡᠷᠡᠭ᠂ ᠶᠡᠷᠦ ᠪᠠᠢᠳᠠᠯ ᠢ᠋ ᠠᠵᠢᠭᠯᠠᠬᠤ ᠳ᠋ᠤ᠌᠂ ᠲᠡᠭᠡᠬᠦ ᠳᠠᠰᠢ ᠪᠠᠨ ᠯᠠ ᠬᠠᠨᠳᠤᠵᠤ ᠪᠠᠢᠭ᠎ᠠ ᠰᠢᠭ᠋ ᠪᠠᠢᠨ᠎ᠠ᠃ ᠲᠡᠭᠡᠭᠡᠳ ᠢᠷᠡᠬᠦ ᠳ᠋ᠦ᠍ᠨᠢ ᠮᠠᠨᠠᠢ ᠠᠵᠢᠯᠴᠢᠨ ᠲᠠᠷᠢᠶᠠᠴᠢᠨ᠂ ᠮᠣᠩᠭᠣᠯ ᠤ᠋ᠨ ᠠᠷᠠᠳ ᠣᠯᠠᠨ ᠳ᠋ᠤ᠌ ᠲᠤᠰᠠᠯᠠᠬᠤ ᠶᠣᠰᠣᠲᠠᠢ᠃ ᠵᠠᠪᠠᠯ ᠲᠤᠰᠠᠯᠠᠨ᠎ᠠ᠃ ᠴᠢ᠂ ᠮᠢᠨᠦ ᠡᠨᠡ ᠦᠭᠡ ᠶ᠋ᠢ ᠬᠣᠵᠢᠮ ᠦᠵᠡᠭᠡᠷᠡᠢ᠂ ᠪᠠᠲᠤᠪᠠᠶᠠᠷ ᠮᠢᠨᠢ ᠭᠡᠬᠦ ᠳ᠋ᠦ᠍᠂ 
       — ᠴᠣᠬᠣᠮ ᠠ᠋᠂ ᠲᠡᠷᠡ ᠰᠠᠢᠬᠠᠨ ᠴᠠᠭ ᠤ᠋ᠨ ᠵᠠᠬ᠎ᠠ ᠦᠵᠦᠭᠦᠷ ᠢ᠋ ᠴᠦ᠍ ᠦᠵᠡᠭᠡᠳ ᠠᠪᠤᠪᠠᠯ ᠶᠠᠭᠤ ᠪᠢᠯᠡ᠃ ᠵᠠ᠂ ᠢᠸᠠᠨ ᠮᠢᠨᠢ ᠮᠠᠨᠠᠢᠬᠢ ᠡᠨᠳᠡ ᠳᠡ ᠭᠡᠵᠦ ᠮᠣᠷᠢᠨ ᠠ᠋ᠴᠠ ᠪᠠᠭᠤᠭᠠᠳ᠂ ᠬᠠᠭᠠᠯᠭᠠᠨ ᠤ᠋ ᠰᠤᠷ ᠲᠠᠲᠠᠵᠤ ᠮᠣᠷᠢ ᠪᠠᠨ ᠬᠠᠰᠢᠶᠠᠨ ᠳ᠋ᠤ᠌ ᠬᠥᠲᠥᠯᠵᠦ ᠣᠷᠣᠪᠠ᠃ ᠢᠸᠠᠨ ᠬᠣᠢᠨ᠎ᠠ ᠠ᠋ᠴᠠ ᠨᠢ ᠳᠠᠭᠠᠵᠤ ᠣᠷᠣᠪᠠᠯ᠂ ᠬᠠᠰᠢᠶᠠᠨ ᠤ᠋ ᠬᠣᠢᠲᠤ᠂ ᠵᠡᠭᠦᠨ ᠪᠠᠷᠠᠭᠤᠨ ᠭᠤᠷᠪᠠᠨ ᠲᠠᠯ᠎ᠠ ᠳ᠋ᠤ᠌ ᠬᠢᠲᠠᠳ ᠪᠠᠢᠰᠢᠩ ᠲᠠᠢ᠂ ᠠᠷᠤ ᠳ᠋ᠤᠨᠢ ᠰᠢᠪᠠᠷ ᠲᠤᠢᠫᠤᠤ ᠴᠣᠭᠴᠠᠯᠠᠭᠰᠠᠨ ᠬᠡᠷᠡᠮ ᠦ᠋ᠨ ᠴᠠᠭᠠᠳᠤᠬᠢ ᠬᠠᠰᠢᠶᠠᠨ ᠳ᠋ᠤ᠌ ᠥᠳᠬᠡᠨ ᠳᠠᠭᠤᠨ ᠲᠠᠢ᠂ ᠲᠣᠮᠣ ᠭᠡᠭᠴᠢ ᠶ᠋ᠢᠨ ᠭᠠᠷᠵᠢ ᠨᠣᠬᠠᠢ ᠬᠤᠴᠠᠬᠤ ᠴᠢᠮᠡᠭᠡ ᠰᠣᠨᠣᠰᠤᠭᠳᠠᠪᠠ᠃ ᠪᠠᠷᠠᠭᠤᠨ ᠲᠠᠯ᠎ᠠ ᠶ᠋ᠢᠨ ᠪᠠᠢᠰᠢᠩ ᠠ᠋ᠴᠠ ᠮᠤᠬᠤᠷ ᠬᠣᠰᠢᠭᠤ ᠲᠠᠢ ᠴᠠᠬᠠᠷ ᠭᠤᠲᠤᠯ ᠲᠠᠢ᠂ ᠣᠨᠣᠭᠣᠲᠠᠢ ᠬᠣᠷᠮᠣᠢ ᠲᠠᠢ᠂ ᠬᠠᠷ᠎ᠠ ᠬᠥᠬᠡ ᠬᠤᠷᠠᠭᠠᠨ ᠳᠡᠪᠡᠯ ᠲᠡᠢ ᠥᠨᠳᠥᠷ ᠪᠡᠶ᠎ᠡ ᠲᠡᠢ᠂ ᠥᠷᠭᠡᠨ ᠮᠥᠷᠥ ᠲᠡᠢ ᠨᠢᠭᠡᠨ ᠬᠥᠮᠦᠨ ᠭᠠᠷᠴᠤ ᠢᠷᠡᠭᠡᠳ ᠢᠸᠠᠨ ᠭᠤᠸᠠᠢ! ᠭᠡᠳ ᠡᠴᠢᠭᠡ ᠵᠣᠴᠢᠨ ᠬᠣᠶᠠᠷ ᠤ᠋ᠨ ᠮᠣᠷᠢ ᠶ᠋ᠢ ᠲᠣᠰᠴᠤ ᠠᠪᠬᠤ ᠭᠡᠵᠦ ᠶᠠᠭᠠᠷᠠᠨ ᠠᠯᠬᠤᠵᠤ᠂ ᠬᠣᠶᠠᠷ ᠡᠪᠦᠭᠡᠳ ᠦ᠋ᠨ ᠮᠣᠷᠢ ᠶ᠋ᠢ ᠠᠪᠴᠤ ᠢᠸᠠᠨ ᠡᠪᠦᠭᠡᠨ ᠦ᠌ ᠠᠮᠤᠷ ᠮᠡᠨᠳᠦ ᠶ᠋ᠢ ᠠᠰᠠᠭᠤᠪᠠᠯ᠂ ᠢᠸᠠᠨ ᠡᠪᠦᠭᠡᠨ ᠨᠠᠰᠤᠨᠪᠠᠲᠦ ᠶ᠋ᠢ ᠡᠩᠬᠦᠷᠡᠢᠯᠡᠨ ᠲᠡᠪᠡᠷᠢᠭᠡᠳ᠂ 
       — ᠬᠦᠦ ᠮᠢᠨᠢ᠂ ᠴᠠᠬᠠᠷ ᠪᠣᠯᠵᠤ ᠭᠦᠢᠴᠡᠭᠡ ᠰᠢᠪ ᠳᠡ᠃ ᠳᠡᠪᠡᠯ ᠭᠤᠲᠤᠯ ᠴᠥᠮ ᠴᠠᠬᠠᠷ ᠪᠣᠯᠴᠢᠵᠠᠢ(ᠪᠣᠯᠴᠢᠬᠠᠵᠠᠢ)᠃ ᠴᠢᠷᠠᠢ ᠴᠢᠨᠢ ᠠᠪᠤ ᠶ᠋ᠢᠨ ᠢ᠋ᠶ᠋ᠡᠨ ᠵᠠᠯᠠᠭᠤ ᠶ᠋ᠢᠨ ᠪᠠᠢᠳᠠᠯ ᠲᠠᠢ ᠶᠠᠭᠠᠬᠢᠭᠰᠠᠨ ᠠᠳᠠᠯᠢᠬᠠᠨ ᠪᠣᠯᠪᠠ᠃ ᠪᠠᠰᠠ ᠴᠡᠭᠡᠵᠢ ᠨᠢᠮᠭᠡᠷᠡᠵᠦ᠂ ᠡᠷᠳᠡᠮ ᠲᠡᠢ ᠨᠣᠮ ᠲᠠᠢ ᠪᠣᠯᠤᠭᠰᠠᠨ ᠰᠢᠨᠵᠢ᠂ ᠴᠢᠷᠠᠢ ᠳ᠋ᠤ᠌ ᠴᠢᠨᠢ ᠪᠠᠢᠨ᠎ᠠ ᠰᠢᠦ᠃ ᠠᠶ᠎ᠠ ᠦᠭᠡᠢᠳᠡᠪᠡᠯ ᠬᠥᠳᠡᠭᠡᠨ ᠦ᠌ ᠬᠥᠬᠡ ᠵᠤᠯᠬᠠᠢ ᠪᠣᠯᠤᠭᠰᠠᠨ ᠮᠠᠭᠤ ᠰᠠᠢᠨ ᠡᠪᠦᠭᠡᠳ ᠪᠢᠳᠡᠨ ᠢ᠋ ᠲᠣᠭᠣᠬᠤ ᠦᠭᠡᠢ ᠪᠣᠯᠤᠭᠰᠠᠨ ᠶᠤᠮ ᠪᠢᠰᠢ ᠪᠢᠵᠡ ᠳᠡ! ᠭᠡᠵᠦ ᠨᠠᠰᠤᠨᠪᠠᠲᠦ ᠶ᠋ᠢᠨ ᠰᠡᠷᠭᠦᠯᠡᠩ ᠡᠷᠡᠯᠬᠡᠭ ᠴᠢᠷᠠᠢ ᠶ᠋ᠢ ᠨᠢ ᠪᠠᠬᠠᠳᠤᠨ ᠰᠢᠷᠳᠡᠬᠦ ᠳ᠋ᠦ᠍ ᠨᠠᠰᠤᠨᠪᠠᠲᠦ᠂ ᠮᠣᠷᠢ ᠶ᠋ᠢ ᠱᠣᠩ ᠤᠶᠠᠬᠤ ᠵᠠᠪᠰᠠᠷ᠂ 
       — ᠢᠸᠠᠨ ᠭᠤᠸᠠᠢ᠂ ᠲᠠ ᠶᠠᠭᠤᠨ ᠳ᠋ᠤ᠌ ᠡᠢᠮᠦ ᠠᠮᠲᠠ ᠦᠭᠡᠢ ᠭᠠᠰᠢᠭᠤᠨ ᠦᠭᠡ ᠬᠡᠯᠡᠪᠡ᠃ ᠪᠢ ᠬᠠᠮᠢᠭ᠎ᠠ ᠠ᠋ᠴᠠ ᠲᠡᠭᠡᠵᠦ ᠪᠠᠢᠬᠤ ᠪᠣᠢ ᠭᠡᠪᠡ᠃ 
       — ᠫᠠᠭᠮ᠎ᠠ ᠪᠠᠢᠰᠢᠩ ᠤ᠋ᠨ ᠬᠠᠭᠠᠯᠭ᠎ᠠ ᠪᠠᠷ ᠴᠤᠬᠤᠢᠰ ᠬᠢᠵᠦ ᠦᠵᠡᠭᠳᠡᠭᠡᠳ᠂ ᠠ᠋᠂ ᠶᠠᠭᠠᠬᠢᠳᠠᠭ ᠪᠢᠯᠡ? ᠢᠸᠠᠨ ᠭᠤᠸᠠᠢ ᠮᠠᠨᠢ ᠢᠷᠡᠵᠦ ᠰᠢᠦ ᠭᠡᠳ ᠳᠠᠯᠳᠠ ᠣᠷᠣᠵᠠᠢ᠃ ᠴᠠᠭᠠᠰᠤ ᠨᠠᠭᠠᠭᠰᠠᠨ ᠬᠢᠲᠠᠳ ᠰᠠᠷᠠᠭᠠᠯᠵᠢᠨ ᠴᠣᠩᠬᠣ ᠶ᠋ᠢᠨ ᠴᠠᠭᠠᠨ᠎ᠠ ᠠ᠋ᠴᠠ ᠫᠠᠭᠮ᠎ᠠ ᠶ᠋ᠢᠨ ᠪᠠᠶᠠᠷᠯᠠᠨ ᠰᠠᠨᠳᠤᠷᠤᠭᠰᠠᠨ ᠳᠠᠭᠤᠨ ᠰᠣᠨᠣᠰᠳᠠᠵᠤ᠂ 
       — ᠬᠡᠦᠬᠡ᠂ ᠬᠠᠨᠵᠤ ᠶ᠋ᠢᠨ ᠳᠡᠭᠡᠷᠡᠬᠢ ᠢᠯᠡᠭᠦᠦ ᠳᠤᠲᠠᠭᠤ ᠶᠠᠭᠤᠮ᠎ᠠ ᠪᠠᠨ ᠲᠠᠲᠠᠵᠤ᠂ ᠣᠯᠪᠣᠭ ᠳᠡᠪᠢᠰ᠃ ᠠᠪᠤ ᠶ᠋ᠢᠨ ᠴᠢᠨᠢ ᠬᠠᠮᠤᠭ ᠤ᠋ᠨ ᠰᠠᠢᠨ ᠨᠥᠬᠥᠷ ᠨᠢ ᠢᠷᠡᠯ᠎ᠡ ᠭᠡᠵᠦ ᠪᠡᠷᠢ ᠳ᠋ᠡᠭᠡᠨ ᠬᠡᠯᠡᠬᠦ ᠨᠢ ᠰᠣᠨᠣᠰᠳᠠᠪᠠ᠃  
       ᠢᠸᠠᠨ᠂ ᠫᠠᠭᠮ᠎ᠠ ᠡᠮᠡᠭᠡᠨ ᠲᠡᠢ᠂ ᠲᠡᠭᠦᠨ ᠦ᠌ ᠵᠠᠯᠠᠭᠤ ᠴᠢᠷᠠᠢᠯᠠᠭ ᠪᠡᠷᠢ ᠵᠠᠩᠰᠢ ᠭᠡᠳᠡᠭ ᠬᠢᠲᠠᠳ ᠡᠮᠡᠭᠲᠡᠢ ᠲᠡᠢ ᠬᠠᠷᠢᠯᠴᠠᠨ ᠠᠮᠤᠷ ᠮᠡᠨᠳᠦ ᠶ᠋ᠢ  ᠠᠰᠠᠭᠤᠯᠴᠠᠵᠠᠢ᠃ ᠬᠠᠨᠵᠤ ᠶ᠋ᠢᠨ ᠳᠡᠭᠡᠷ᠎ᠡ ᠡᠷᠬᠢᠮ ᠵᠣᠴᠢᠳ ᠢ᠋ ᠬᠦᠨᠳᠦᠳᠬᠡᠨ ᠳᠡᠪᠢᠰᠦᠭᠰᠡᠨ ᠣᠯᠪᠣᠭ ᠰᠠᠭᠤᠳᠠᠯ ᠳᠡᠭᠡᠷ᠎ᠡ ᠰᠠᠭᠤᠭᠠᠳ᠂ ᠡᠮᠡᠭᠡᠨ ᠪᠡᠷᠢ ᠬᠣᠶᠠᠷ ᠢ᠋ ᠲᠣᠭᠣᠭᠠᠨ ᠤ᠋ ᠪᠠᠢᠰᠢᠩ ᠳ᠋ᠤ᠌ ᠴᠠᠢ ᠢᠳᠡᠭᠡ ᠵᠡᠬᠡᠵᠦ ᠪᠠᠢᠬᠤ ᠵᠠᠪᠰᠠᠷ᠂ ᠪᠠᠲᠤᠪᠠᠶᠠᠷ ᠤ᠋ᠨ ᠠᠴᠢ ᠬᠦᠦ ᠥᠬᠢᠨ ᠬᠣᠶᠠᠷ ᠢ᠋ ᠲᠠᠨᠢᠬᠤ ᠦᠭᠡᠢ ᠵᠣᠴᠢᠨ ᠤ᠋ ᠥᠭᠡᠳᠡ ᠡᠴᠡ ᠰᠣᠨᠢᠷᠬᠠᠨ ᠬᠠᠷᠠᠵᠤ ᠣᠭᠲᠣ ᠪᠢᠰᠢᠭᠦᠷᠬᠡᠬᠦ ᠦᠭᠡᠢ ᠪᠠᠢᠭ᠎ᠠ ᠳ᠋ᠤᠨᠢ ᠪᠠᠶᠠᠷᠯᠠᠵᠤ᠂ ᠡᠪᠦᠷ ᠡᠴᠡ ᠪᠡᠨ ᠰᠢᠬᠢᠷ ᠪᠣᠣᠪᠣ ᠭᠠᠷᠭᠠᠵᠤ ᠥᠭᠭᠦᠭᠡᠳ᠂ 
       — ᠵᠠ᠂ ᠪᠠᠲᠤᠪᠠᠶᠠᠷ ᠮᠢᠨᠢ᠂ ᠢᠩᠭᠢᠭᠡᠳ ᠴᠢ ᠪᠢᠳᠡ ᠬᠣᠶᠠᠷ ᠠᠴᠢ ᠨᠠᠷ ᠢ᠋ᠶ᠋ᠠᠨ ᠦᠵᠡᠳᠡᠭ ᠪᠤᠶᠠᠨ ᠲᠠᠢ ᠬᠣᠶᠠᠷ ᠪᠠᠢᠨ᠎ᠠ ᠰᠢᠦ ᠭᠡᠪᠡ᠃ 
       ᠵᠠᠩᠰᠢ᠂ ᠵᠥᠭᠡᠯᠡᠨ ᠱᠠᠬᠠᠢ ᠪᠠᠷ ᠣᠭᠲᠣ ᠴᠢᠮᠡᠭᠡ ᠠᠨᠢᠷ ᠦᠭᠡᠢ ᠠᠯᠬᠤᠯᠠᠨ ᠵᠣᠴᠢᠨ ᠳ᠋ᠤ᠌ ᠴᠠᠢ ᠢᠳᠡᠭᠡ᠂ ᠰᠢᠬᠢᠷ ᠪᠣᠣᠪᠣ ᠪᠠᠷᠢᠪᠠ᠃ ᠡᠪᠦᠭᠡᠨ ᠢᠸᠠᠨ ᠲᠡᠷᠡ ᠵᠠᠯᠠᠭᠤ ᠪᠡᠷᠢ ᠶ᠋ᠢᠨ ᠶᠡᠬᠡᠯ᠎ᠡ(ᠶᠡᠬᠡ ᠯᠡ) ᠠᠶᠠᠲᠠᠢᠬᠠᠨ ᠵᠠᠩ ᠠᠭᠠᠰᠢ ᠲᠠᠢ᠂ ᠬᠥᠳᠡᠯᠬᠦ ᠶᠠᠪᠤᠬᠤ ᠨᠢ ᠲᠠᠭᠠᠲᠠᠢ᠂ ᠰᠢᠬᠢᠷ ᠪᠣᠣᠪᠣ ᠰᠣᠨᠢᠷᠬᠠᠨ ᠢᠳᠡᠵᠦ ᠪᠠᠢᠭ᠎ᠠ ᠬᠣᠶᠠᠷ ᠬᠡᠦᠬᠡᠳ ᠪᠠᠭᠠᠴᠤᠳ ᠤ᠋ᠨ ᠡᠮᠦᠰᠦᠭᠰᠡᠨ ᠳᠡᠪᠡᠯ ᠬᠤᠪᠴᠠᠰᠤ ᠴᠡᠪᠡᠷᠬᠡᠨ᠂ ᠪᠠᠢᠰᠢᠩ ᠤ᠋ᠨ ᠳᠣᠲᠣᠷ᠎ᠠ ᠬᠠᠮᠤᠭ ᠶᠠᠭᠤᠮ᠎ᠠ ᠨᠢ ᠶᠡᠬᠡᠯ᠎ᠡ(ᠶᠡᠬᠡ ᠯᠡ) ᠠᠶᠠᠲᠠᠢᠬᠠᠨ ᠲᠣᠬᠢᠲᠠᠢ ᠪᠠᠢᠭ᠎ᠠ ᠶ᠋ᠢ ᠬᠠᠷᠠᠵᠤ᠂ ᠡᠪᠦᠭᠡᠨ ᠡᠮᠡᠭᠡᠨ ᠬᠣᠶᠠᠷ ᠤ᠋ᠨ ᠪᠡᠷᠢ ᠳ᠋ᠡᠭᠡᠨ(ᠳ᠋ᠦ᠍ ᠪᠡᠨ) ᠦᠨᠡᠨ ᠰᠡᠳᠬᠢᠯ ᠡᠴᠡ ᠪᠡᠨ ᠡᠩᠬᠦᠷᠡᠢ ᠬᠠᠢᠷ᠎ᠠ ᠲᠠᠢ ᠶ᠋ᠢ ᠠᠵᠢᠭᠯᠠᠵᠤ ᠥᠭᠦᠯᠡᠷᠦᠨ᠂  
       — ᠫᠠᠭᠮ᠎ᠠ᠂ ᠴᠢ ᠰᠠᠢᠬᠠᠨ ᠪᠡᠷᠢ ᠲᠡᠢ ᠪᠣᠯᠵᠢ(ᠪᠣᠯᠵᠠᠢ) ᠳᠠ᠃ ᠲᠡᠷᠡ ᠵᠢᠯ ᠴᠢ ᠮᠢᠨᠦ ᠮᠡᠷ ᠢ᠋ ᠶᠡᠬᠡᠯ᠎ᠡ(ᠶᠡᠬᠡ ᠯᠡ) ᠮᠠᠭᠲᠠᠳᠠᠭ ᠢ᠋ᠶ᠋ᠠᠨ ᠰᠠᠨᠠᠵᠤ ᠪᠠᠢᠨᠠᠤ(ᠪᠠᠢᠨ᠎ᠠ ᠤᠤ)? ᠣᠳᠣ ᠴᠢ ᠮᠢᠨᠢ ᠬᠠᠷᠠᠭᠠᠳ ᠯᠠ ᠪᠠᠶᠠᠷᠯᠠᠵᠤ ᠰᠠᠭᠤᠮᠠᠷ ᠰᠠᠢᠬᠠᠨ ᠪᠡᠷᠢ ᠲᠡᠢ ᠪᠣᠯᠵᠢ(ᠪᠣᠯᠵᠠᠢ) ᠳᠠ ᠭᠡᠬᠦ ᠳ᠋ᠦ᠍ᠨᠢ (ᠳ᠋ᠦ᠍ ᠨᠢ)᠂ 
       — ᠡᠪᠦᠭᠡᠨ ᠵᠠᠩ ᠠᠪᠤᠭᠠᠢ ᠶ᠋ᠢᠨ ᠰᠤᠷᠭᠠᠵᠤ ᠬᠥᠮᠦᠵᠢᠭᠦᠯᠦᠭᠰᠡᠨ ᠬᠥᠮᠦᠨ ᠳᠡ᠂ ᠡᠨᠡ ᠬᠥᠭᠡᠷᠦᠬᠦᠢ ᠮᠢᠨᠢ᠃ ᠡᠪᠦᠭᠡᠨ ᠪᠢᠳᠡ ᠬᠣᠶᠠᠷ ᠲᠤ᠌ ᠪᠡᠷᠢ ᠮᠠᠨᠢ ᠲᠥᠷᠥᠭᠰᠡᠨ ᠬᠡᠦᠬᠡᠨ ᠡᠴᠡ ᠥᠭᠡᠷ᠎ᠡ ᠦᠭᠡᠢ ᠬᠠᠢᠷ᠎ᠠ ᠲᠠᠢ ᠶᠤᠮ ᠳᠠ᠃ ᠡᠪᠦᠭᠡᠨ᠂ ᠮᠠᠨ ᠤ᠋ ᠭᠠᠵᠠᠷ ᠭᠡᠷ ᠣᠷᠣᠨ ᠠ᠋ᠴᠠ ᠡᠬᠢᠯᠡᠭᠡᠳ ᠢᠳᠡᠬᠦ ᠤᠤᠭᠤᠬᠤ ᠨᠢ ᠬᠦᠷᠲᠡᠯ᠎ᠡ ᠵᠣᠬᠢᠬᠤ ᠦᠭᠡᠢ ᠪᠣᠯᠪᠠᠤ(ᠪᠣᠯᠪᠠ ᠤᠤ) ᠭᠡᠵᠦ ᠰᠠᠨᠠᠭ᠎ᠠ ᠶᠡᠬᠡ ᠵᠣᠪᠠᠵᠤ᠂ ᠲᠡᠭᠡᠭᠡᠳ ᠡᠪᠦᠭᠡᠨ ᠵᠠᠩ ᠤ᠋ᠨ ᠲᠠᠨᠢᠳᠠᠭ ᠠᠢᠯ ᠠ᠋ᠴᠠ ᠡᠨᠡ ᠪᠠᠢᠰᠢᠩ ᠢ᠋ ᠬᠥᠯᠥᠰᠥᠯᠡᠵᠦ ᠠᠪᠤᠭᠰᠠᠨ ᠪᠢᠯᠡ᠃ ᠡᠨᠡ ᠪᠠᠢᠰᠢᠩ ᠢ᠋ ᠮᠠᠨᠠᠢ(ᠮᠠᠨ ᠤ᠋) ᠪᠡᠷᠢ ᠶ᠋ᠢᠨ ᠠᠪᠤ ᠪᠣᠰᠬᠠᠵᠤ᠂ ᠰᠢᠷᠡᠭᠡ ᠰᠠᠨᠳᠠᠯᠢ ᠬᠠᠮᠤᠭ ᠭᠡᠷ ᠦ᠋ᠨ ᠬᠡᠷᠡᠭᠰᠡᠯ ᠢ᠋ ᠴᠣᠭ ᠢ᠋ ᠥᠪᠡᠷ ᠦ᠋ᠨ ᠭᠠᠷ ᠢ᠋ᠶ᠋ᠠᠷ ᠬᠢᠭᠰᠡᠨ ᠪᠢᠯᠡ᠃ ᠲᠡᠭᠡᠭᠡᠳ ᠠᠪᠤ ᠶ᠋ᠢᠨ ᠢ᠋ᠶ᠋ᠡᠨ ᠪᠠᠷᠢᠭᠰᠠᠨ ᠪᠠᠢᠰᠢᠩ ᠳ᠋ᠤ᠌ ᠬᠢᠭᠰᠡᠨ ᠰᠢᠷᠡᠭᠡ ᠰᠠᠨᠳᠠᠯᠢ ᠶ᠋ᠢ ᠨᠢ ᠡᠳ᠋ᠯᠡᠵᠦ ᠪᠠᠢᠬᠤ ᠳ᠋ᠤ᠌᠂ ᠬᠥᠮᠦᠨ ᠦ᠌ ᠭᠠᠵᠠᠷ ᠢᠳᠡᠭᠡᠰᠢᠵᠦ ᠳᠠᠰᠤᠭ᠎ᠠ ᠦᠭᠡᠢ ᠳ᠋ᠦ᠍ᠨᠢ(ᠳ᠋ᠦ᠍ ᠨᠢ) ᠪᠠᠰᠠ ᠳᠡᠭᠡᠷ᠎ᠡ ᠪᠠᠢᠬᠤ ᠪᠣᠯᠪᠠᠤ (ᠪᠣᠯᠪᠠ ᠤᠤ) ᠭᠡᠵᠦ ᠪᠢᠳᠡ ᠡᠨᠳᠡ ᠲᠦᠷ ᠰᠠᠭᠤᠵᠤ ᠪᠠᠢᠭ᠎ᠠ ᠶᠤᠮ ᠭᠡᠵᠦ ᠫᠠᠭᠮ᠎ᠠ ᠨᠢᠳᠦ ᠶ᠋ᠢ ᠳᠣᠭᠣᠭᠰᠢ ᠳᠠᠷᠤᠨ ᠵᠣᠭᠰᠣᠭᠴᠢ ᠪᠡᠷᠢ ᠶ᠋ᠢᠨ ᠵᠦᠭ ᠡᠩᠬᠦᠷᠡᠢᠯᠡᠨ ᠬᠠᠷᠠᠵᠤ᠂ ᠬᠤᠯᠤᠰᠤᠨ ᠴᠢᠭ(ᠴᠢᠢᠭ) ᠡᠭᠦᠳᠡ ᠲᠡᠢ ᠬᠣᠢᠲᠤ ᠵᠠᠯᠭ᠎ᠠ(ᠵᠠᠯᠭᠠᠭ᠎ᠠ) ᠥᠷᠥᠭᠡ ᠶ᠋ᠢ ᠵᠢᠭᠠᠵᠤ ᠡᠪᠦᠭᠡᠨ ᠪᠢᠳᠡ ᠬᠣᠶᠠᠷ᠂ ᠬᠣᠶᠠᠷ ᠠᠴᠢ ᠨᠠᠷ ᠲᠠᠢ ᠪᠠᠨ ᠡᠨᠡ ᠳᠣᠲᠣᠭᠠᠳᠤ ᠥᠷᠥᠭᠡᠨ ᠳ᠋ᠦ᠍ ᠪᠠᠢᠵᠤ ᠪᠠᠢᠭ᠎ᠠ ᠶᠤᠮ ᠳᠠ᠃ ᠲᠣᠭᠣᠭᠠᠨ ᠤ᠋ ᠪᠠᠢᠰᠢᠩ ᠳ᠋ᠤ᠌ ᠪᠠᠢᠶ᠎ᠠ ᠭᠡᠬᠦ ᠳ᠋ᠦ᠍ ᠮᠠᠨ ᠤ᠋ ᠡᠨᠡ ᠬᠣᠶᠠᠷ ᠠᠪᠤ ᠡᠵᠢ ᠪᠡᠨ ᠶᠠᠭᠠᠬᠢᠵᠤ ᠲᠡᠭᠡᠵᠦ ᠪᠣᠯᠳᠠᠭ ᠶᠤᠮ ᠪᠣᠢ ᠭᠡᠵᠦ ᠬᠠᠯᠠᠭᠠᠬᠤ(ᠬᠠᠯᠭᠠᠬᠤ) ᠦᠭᠡᠢ᠂ ᠥᠪᠡᠷᠲᠡᠭᠡᠨ ᠲᠣᠭᠣᠭᠠᠨ ᠤ᠋ ᠪᠠᠨ ᠭᠡᠷ ᠲᠦ᠍ ᠪᠠᠢᠵᠤ ᠪᠠᠢᠨ᠎ᠠ ᠳᠠ᠃ ᠵᠠ ᠡᠪᠦᠭᠡᠨ ᠪᠢᠳᠡ ᠬᠣᠶᠠᠷ ᠴᠤ᠌ ᠡᠨᠳᠡ ᠨᠢᠭᠡ ᠶᠡᠬᠡ ᠤᠳᠠᠬᠤ ᠦᠭᠡᠢ ᠬᠥᠳᠡᠭᠡ ᠨᠤᠲᠤᠭ ᠲᠠᠭᠠᠨ( ᠲᠤ ᠪᠠᠨ) ᠬᠠᠷᠢᠨ᠎ᠠ᠃ ᠨᠠᠰᠤᠨᠪᠠᠲᠤ ᠯᠠ ᡀᠠ ᠪᠠᠢᠰᠠ ᠶ᠋ᠢ ᠪᠠᠢᠭ᠎ᠠ ᠴᠠᠭ ᠴᠤ᠌ ᠬᠣᠰᠢᠭᠤ ᠨᠤᠲᠤᠭ ᠲᠠᠭᠠᠨ ᠪᠤᠴᠠᠵᠤ ᠪᠣᠯᠬᠤ ᠦᠭᠡᠢ ᠨᠢ ᠬᠠᠷᠠᠮᠰᠠᠯ ᠲᠠᠢ ᠭᠡᠵᠦ ᠫᠠᠭᠮ᠎ᠠ ᠰᠡᠭᠦᠷᠡᠰᠦ ᠠᠯᠳᠠᠪᠠ᠃  
       ᠢᠸᠠᠨ᠂ ᠰᠠᠭᠤᠵᠤ ᠪᠠᠢᠭᠰᠠᠨ ᠲᠠᠰᠤᠯᠭ᠎ᠠ ᠪᠠᠨ ᠦᠵᠡᠪᠡᠯ᠂ ᠨᠠᠰᠤᠨᠪᠠᠲᠤ ᠶ᠋ᠢᠨ ᠪᠢᠴᠢᠭ ᠦ᠋ᠨ ᠭᠡᠷ ᠪᠥᠭᠡᠳ ᠵᠣᠴᠢᠯᠠᠬᠤ ᠲᠠᠩᠬᠢᠮ ᠠᠵᠤᠭᠤ᠃ ᠪᠠᠷᠠᠭᠤᠨ ᠲᠠᠯ᠎ᠠ ᠶ᠋ᠢᠨ ᠴᠣᠩᠬᠣ ᠦᠭᠡᠢ ᠲᠤᠭᠤᠷᠭᠠᠨ ᠳ᠋ᠤ᠌᠂ ᠰᠡᠢᠯᠦᠮᠡᠯ ᠬᠠᠪ ᠬᠠᠷ᠎ᠠ ᠥᠩᠭᠡᠲᠡᠢ(ᠥᠩᠭᠡ ᠲᠡᠢ) ᠮᠣᠳᠣᠨ ᠭᠣᠣ ᠲᠠᠢ ᠰᠢᠯ ᠳᠡᠭᠡᠷ᠎ᠡ ᠵᠢᠷᠤᠭᠰᠠᠨ ᠬᠣᠣᠰ ᠵᠢᠷᠤᠭ᠂ ᠪᠡᠬᠡ(ᠪᠡᠬᠢ) ᠪᠡᠷ ᠶᠡᠬᠡᠯ᠎ᠡ(ᠶᠡᠬᠡ ᠯᠡ) ᠴᠢᠳᠠᠮᠠᠭᠠᠢ ᠵᠢᠷᠤᠭᠰᠠᠨ ᠳᠡᠭᠡᠷ᠎ᠡ ᠳᠣᠣᠷ᠎ᠠ ᠪᠤᠯᠤ ᠮᠣᠳᠣ ᠲᠠᠢ ᠬᠣᠣᠰ ᠳᠡᠯᠭᠡᠮᠡᠯ ᠵᠢᠷᠤᠭ᠂ ᠶᠡᠬᠡ ᠴᠢᠳᠠᠯ ᠲᠠᠢ ᠪᠢᠴᠢᠭᠡᠴᠢ ᠨᠠᠷ ᠤ᠋ᠨ ᠪᠢᠴᠢᠭᠰᠡᠨ ᠤᠳᠬ᠎ᠠ ᠤᠶᠠᠩᠭ᠎ᠠ ᠶ᠋ᠢ ᠡᠯᠭᠦᠵᠡᠢ᠃ ᠤᠭᠠᠯᠵᠠᠯᠠᠨ ᠬᠢᠭᠰᠡᠨ ᠳᠠᠰᠢᠩᠭᠠᠲᠤ ᠮᠣᠳᠣ ᠴᠢᠯᠠᠭᠤᠨ ᠢ᠋ᠶ᠋ᠠᠷ ᠤ᠋ᠨ ᠨᠣᠮ᠂ ᠪᠢᠴᠢᠮᠡᠯ ᠨᠣᠮ ᠰᠤᠳᠤᠷ ᠲᠠᠯᠪᠢᠵᠤ᠂ ᠴᠣᠩᠬᠣ ᠶ᠋ᠢᠨ ᠳᠣᠣᠷ᠎ᠠ ᠪᠢᠴᠢᠬᠠᠨ ᠰᠢᠷᠡᠭᠡᠨ᠎ᠡ ᠪᠡᠬᠡ(ᠪᠡᠬᠢ) ᠶ᠋ᠢᠨ ᠴᠢᠯᠠᠭᠤᠨ ᠵᠢᠭᠤᠷᠠᠭᠤᠯ᠂ ᠪᠢᠷ ᠦ᠋ᠨ ᠲᠣᠭᠳᠣᠢ ᠬᠡᠷᠡᠭᠯᠡᠯ᠂ ᠴᠠᠭᠠᠰᠤ᠂ ᠪᠢᠴᠢᠭ ᠨᠣᠣᠷᠠᠭ᠂ ᠨᠣᠮ ᠳᠡᠪᠲᠡᠷ᠂ ᠬᠢᠲᠠᠳ ᠪᠦᠳᠦᠭᠦᠨ ᠤᠯᠠᠭᠠᠨ ᠯᠠ ᠬᠠᠳᠬᠤᠭᠰᠠᠨ ᠯᠠ ᠶ᠋ᠢᠨ ᠰᠠᠭᠤᠷᠢ ᠪᠠᠢᠭ᠎ᠠ ᠶ᠋ᠢ ᠦᠵᠡᠭᠡᠳ᠂ 
       — ᠰᠥᠨᠢ ᠳ᠋ᠡᠭᠡᠨ ᠪᠠᠰᠠ ᠨᠣᠮ ᠦᠵᠡᠵᠦ ᠰᠠᠭᠤᠳᠠᠭ ᠶᠤᠮ ᠤᠤ ᠳᠠ ᠴᠢ ᠭᠡᠬᠦ ᠳ᠋ᠦ᠍ᠨᠢ᠂  
       — ᠪᠢᠴᠢᠳᠡᠭ ᠶᠦᠮ ᠠ᠋ ᠭᠡᠪᠡ᠃ 
       — ᠶᠠᠭᠤ ᠪᠢᠴᠢᠳᠡᠭ ᠶᠦᠮ ᠪᠣᠢ?  — ᠭᠡᠬᠦ ᠳ᠋ᠦ᠍ᠨᠢ᠂  
       — ᠬᠢᠲᠠᠳ ᠠ᠋ᠴᠠ ᠣᠷᠴᠢᠭᠤᠯᠤᠨ ᠪᠢᠴᠢᠵᠦ᠂ ᠮᠠᠨᠠᠢ ᠭᠠᠵᠠᠷ ᠳᠡᠯᠡᠬᠡᠢ ᠶᠠᠭᠠᠬᠢᠵᠤ ᠲᠣᠭᠲᠠᠵᠤ ᠪᠦᠲᠦᠭᠰᠡᠨ ᠤᠴᠢᠷ᠂ ᠶᠠᠮᠠᠷ ᠶᠠᠮᠠᠷ ᠤᠯᠤᠰ ᠬᠠᠮᠢᠭ᠎ᠠ ᠣᠷᠣᠰᠢᠳᠠᠭ᠂ ᠠᠮᠢᠲᠠᠨ ᠤᠷᠭᠤᠮᠠᠯ ᠤ᠋ᠨ ᠠᠢᠮᠠᠭ ᠭᠡᠵᠦ ᠶᠠᠮᠠᠷ ᠶᠠᠭᠤᠮ᠎ᠠ ᠪᠠᠢᠳᠠᠭ ᠢ᠋ ᠮᠣᠩᠭᠣᠯ ᠪᠣᠯᠭᠠᠵᠤ ᠪᠠᠢᠨ᠎ᠠ᠃ ᠪᠠᠰᠠ᠂ ᠡᠷᠲᠡᠨ ᠦ᠌ ᠪᠠᠷᠠᠭᠤᠨ ᠵᠦᠭ ᠦ᠋ᠨ ᠭᠷᠧᠭ᠂ ᠷᠣᠮ ᠶᠧᠬᠢᠫᠧᠲ᠋ ᠤᠯᠤᠰ ᠤ᠋ᠨ ᠲᠡᠦᠬᠡ᠂ ᠮᠥᠨ ᠰᠤᠷᠬᠤ ᠪᠢᠴᠢᠭ ᠢ᠋ ᠣᠷᠴᠢᠭᠤᠯᠵᠤ ᠪᠠᠢᠭ᠎ᠠ᠃ ᠪᠡᠭᠡᠵᠢᠩ ᠳ᠋ᠦ᠍ ᠪᠢ ᠲᠡᠭᠦᠪᠡᠷ ᠲᠣᠭ᠎ᠠ ᠪᠣᠳᠣᠯᠭ᠎ᠠ᠂ ᠬᠡᠮᠵᠢᠬᠦ ᠤᠬᠠᠭᠠᠨ᠂ ᠭᠤᠷᠪᠠᠯᠵᠢᠨ ᠢ᠋ ᠬᠡᠮᠵᠢᠬᠦ ᠤᠬᠠᠭᠠᠨ᠂ ᠲᠣᠮᠢᠶ᠎ᠠ ᠶ᠋ᠢᠨ ᠤᠬᠠᠭᠠᠨ ᠭᠡᠳᠡᠭ ᠲᠣᠭᠠᠨ ᠤ᠋ ᠤᠬᠠᠭᠠᠨ ᠤ᠋ ᠵᠦᠢᠯ᠂ ᠲᠠᠯᠠᠪᠤᠷ(ᠲᠠᠯᠠᠪᠠᠢ) ᠭᠤᠷᠪᠠᠯᠵᠢᠨ ᠤ᠋ ᠬᠡᠮᠵᠢᠶ᠎ᠡ ᠶ᠋ᠢ ᠪᠣᠳᠣᠵᠤ ᠣᠯᠬᠤ ᠰᠤᠷᠭᠠᠭᠤᠯᠢ ᠶ᠋ᠢ ᠵᠢᠭᠠᠯᠭᠠᠵᠤ ᠪᠠᠢᠭᠰᠠᠨ ᠪᠢᠯᠡ᠃ ᠮᠠᠨᠠᠢ ᠡᠨᠳᠡ ᠴᠤ᠌ ᠭᠡᠰᠡᠨ᠂ ᠮᠥᠨ ᠨᠢᠭᠡᠨ ᠴᠠᠭ ᠲᠤ᠌ ᠲᠡᠷᠡ ᠪᠦᠭᠦᠳᠡ ᠶ᠋ᠢ ᠰᠤᠷᠴᠤ ᠰᠤᠳᠤᠯᠬᠤ ᠴᠠᠭ ᠢᠷᠡᠬᠦ ᠶᠣᠰᠣᠲᠠᠢ ᠭᠡᠵᠦ ᠪᠣᠳᠣᠭᠠᠳ᠂ ᠶᠠᠭᠠᠷᠠᠯ ᠦᠭᠡᠢ ᠣᠷᠴᠢᠭᠤᠯᠤᠨ ᠪᠡᠯᠡᠳᠬᠡᠵᠦ᠂ ᠬᠣᠵᠢᠮ ᠨᠢᠭᠡᠨ ᠴᠠᠭ ᠲᠤ᠌ ᠬᠡᠷᠡᠭ ᠪᠣᠯᠬᠤ ᠪᠣᠯᠪᠠᠤ(ᠪᠣᠯᠪᠠ ᠤᠤ) ᠭᠡᠵᠦ ᠪᠠᠢᠭ᠎ᠠ ᠶᠤᠮ ᠳᠠ᠃ ᠡᠨᠡ ᠪᠣᠯ ᠰᠡᠳᠬᠢᠯ ᠦ᠋ᠨ ᠬᠤᠵᠢᠷ ᠪᠢᠯᠡ᠃ ᠪᠡᠶ᠎ᠡ ᠶ᠋ᠢᠨ ᠬᠤᠵᠢᠷ᠂ ᠠᠮᠢ ᠵᠢᠭᠤᠬᠤ ᠠᠷᠭ᠎ᠠ ᠭᠡᠪᠡᠯ᠂ ᠡᠳᠦᠷ ᠨᠢ ᠮᠣᠳᠣ ᠪᠠᠷ ᠶᠠᠭᠤᠮ᠎ᠠ ᠵᠣᠷᠴᠤ᠂ ᠨᠠᠷᠢᠨ ᠮᠤᠵᠢᠶᠠᠩ ᠤ᠋ᠨ ᠠᠵᠢᠯ ᠬᠢᠳᠡᠭ ᠭᠡᠵᠦ ᠨᠠᠰᠤᠨᠪᠠᠲᠦ ᠶ᠋ᠢᠨ ᠢᠨᠢᠶᠡᠮᠰᠦᠭᠯᠡᠬᠦ ᠳ᠋ᠦ᠍᠂ ᠢᠸᠠᠨ ᠪᠠᠬᠠᠳᠤᠵᠤ ᠪᠠᠲᠤᠪᠠᠶᠠᠷ ᠤ᠋ᠨ ᠵᠦᠭ ᠥᠭᠦᠯᠡᠷᠦᠨ᠄ 
       — ᠴᠢᠨᠦ ᠬᠦᠦ ᠴᠢᠨᠢ᠂ ᠪᠠᠲᠤᠪᠠᠶᠠᠷ ᠮᠢᠨᠢ᠂ ᠶᠠᠷᠢᠶ᠎ᠠ ᠦᠭᠡᠢ ᠰᠠᠢᠨ ᠬᠥᠮᠦᠨ ᠪᠠᠢᠨ᠎ᠠ ᠳᠠ᠃ ᠬᠠᠷᠢ ᠭᠠᠵᠠᠷ ᠴᠠᠭ ᠢ᠋ ᠳᠡᠮᠡᠢ ᠥᠩᠭᠡᠷᠡᠭᠦᠯᠵᠦ ᠬᠡᠪᠲᠡᠭᠰᠡᠨ ᠦᠭᠡᠢ ᠨᠢ ᠮᠡᠳᠡᠭᠳᠡᠵᠦ ᠪᠠᠢᠨ᠎ᠠ ᠰᠢᠦ᠃  ᠮᠠᠨᠠᠢ(ᠮᠠᠨ ᠤ᠋) ᠣᠷᠣᠰ ᠲᠤ᠌ ᠮᠠᠭᠤ ᠶ᠋ᠢᠨ ᠳᠣᠲᠣᠷ᠎ᠠ ᠴᠤ᠌ ᠪᠠᠰᠠ ᠰᠠᠢᠨ ᠪᠣᠢ ᠭᠡᠳᠡᠭ ᠮᠡᠷᠭᠡᠨ ᠦᠭᠡ ᠪᠣᠢ᠃ ᠲᠡᠷᠡ ᡀᠠ ᠪᠡᠢᠰᠡ᠂ ᠨᠠᠰᠤᠨᠪᠠᠲᠦ ᠶ᠋ᠢ ᠵᠣᠯᠢᠭ ᠲᠤ᠌ ᠭᠠᠷᠭᠠᠭᠰᠠᠨ ᠦᠭᠡᠢ ᠪᠣᠯ᠂ ᠣᠳᠣ ᠨᠢᠭᠡ ᠪᠢᠴᠢᠭ ᠦᠰᠦᠭ ᠲᠦ᠍ ᠪᠠᠷᠤᠭᠲᠠᠢᠬᠠᠨ ᠨᠢᠭᠡᠨ ᠬᠣᠨᠢᠴᠢᠨ ᠬᠦᠦ ᠪᠠᠢᠬᠤ ᠪᠠᠢᠵᠤ ᠯᠠ ᠳᠠ᠃ ᠮᠠᠨᠠᠢ(ᠮᠠᠨ ᠤ᠋) ᠣᠷᠣᠰ ᠢ᠋ᠶ᠋ᠠᠷ ᠪᠣᠯ ᠬᠥᠪᠴᠢ ᠳ᠋ᠦ᠍ ᠰᠠᠭᠤᠵᠤ᠂ ᠬᠦ ᠲᠡᠢ ᠬᠤᠵᠤᠤᠯᠠᠨ ᠳ᠋ᠤ᠌ ᠮᠥᠷᠭᠥᠭᠡᠳ ᠬᠥᠮᠦᠨ ᠪᠣᠯᠬᠤ ᠪᠠᠢᠵᠤ ᠯᠠ ᠳᠠ᠃ ᠣᠳᠣ ᠪᠣᠯ ᠬᠣᠷᠣᠬᠠᠢ ᠬᠦᠷᠦᠮᠡᠷ ᠡᠷᠳᠡᠮ ᠲᠡᠢ ᠬᠥᠮᠦᠨ ᠪᠣᠯᠵᠠᠢ ᠭᠡᠬᠦ ᠳ᠋ᠦ᠍ᠨᠢ(ᠳᠤ ᠨᠢ) ᠫᠠᠭᠮ᠎ᠠ ᠰᠡᠭᠦᠷᠡᠰᠦ ᠠᠯᠲᠠᠨ᠂ 
       — ᠶᠠᠭᠤᠮ᠎ᠠ ᠰᠤᠷᠬᠤ ᠭᠡᠳᠡᠭ ᠴᠢᠨᠢ᠂ ᠮᠠᠨᠠᠢ(ᠮᠠᠨ ᠤ᠋) ᠡᠨᠡ ᠭᠠᠵᠠᠷ ᠪᠦᠭᠦᠳᠡᠭᠡᠷ ᠬᠠᠭᠤᠴᠢᠨ ᠢ᠋ᠶ᠋ᠠᠷ ᠪᠠᠢᠭ᠎ᠠ ᠴᠠᠭ ᠲᠤ᠌ ᠰᠤᠷᠤᠭᠰᠠᠨ ᠬᠥᠮᠦᠨ ᠳ᠋ᠡᠭᠡᠨ( ᠳᠤ ᠪᠡᠨ) ᠠᠰᠢᠭ ᠪᠠᠭ᠎ᠠ ᠲᠠᠢ᠂ ᠵᠣᠪᠠᠯᠠᠩ ᠶᠡᠬᠡ ᠲᠡᠢ ᠶᠦᠮ ᠰᠢᠪ ᠳᠡ᠃ ᠮᠠᠨᠠᠢ(ᠮᠠᠨ ᠤ᠋) ᠨᠣᠮ ᠲᠠᠢ ᠭᠡᠳᠡᠭ ᠯᠠᠮᠠ ᠨᠣᠶᠠᠳ᠂ ᠨᠠᠰᠤᠨᠪᠠᠲᠦ ᠶ᠋ᠢᠨ ᠰᠤᠷᠴᠤ ᠰᠤᠳᠤᠯᠤᠭᠰᠠᠨ ᠶᠠᠭᠤᠮ᠎ᠠ ᠶ᠋ᠢ ᠲᠡᠷᠰ ᠪᠤᠷᠤᠭᠤ ᠨᠣᠮ ᠭᠡᠵᠦ ᠦᠵᠡᠨ᠎ᠡ ᠯᠡ ᠳᠡ᠃ ᠪᠢ ᠬᠡᠳᠦᠢ ᠨᠣᠮ ᠦᠭᠡᠢ ᠪᠣᠯᠪᠠᠴᠤ ᠡᠬᠡ ᠬᠥᠮᠦᠨ ᠦ᠌ ᠵᠦᠩ ᠢ᠋ᠶ᠋ᠡᠷ ᠵᠥᠩᠨᠡᠵᠦ᠂ ᠬᠦᠦ ᠳ᠋ᠦ᠍ ᠬᠡᠴᠡᠭᠦᠦ ᠬᠦᠨᠳᠦ ᠪᠠᠢᠭ᠎ᠠ ᠶ᠋ᠢ ᠨᠢ ᠮᠡᠳᠡᠵᠦ ᠪᠠᠢᠨ᠎ᠠ᠃ ᠬᠠᠭᠤᠴᠢᠨ ᠢ᠋ᠶ᠋ᠠᠷ ᠢ᠋ᠶ᠋ᠠᠨ ᠯᠠ ᠤᠴᠢᠷ ᠮᠡᠳᠡᠬᠦ ᠦᠭᠡᠢ ᠮᠤᠩᠬᠠᠭ ᠬᠠᠷᠠᠩᠭᠤᠢ ᠬᠣᠨᠢᠴᠢᠨ ᠮᠠᠯᠴᠢᠨ ᠪᠠᠢᠪᠠᠯ ᠠᠮᠤᠷ ᠪᠠᠢᠬᠤ ᠶᠤᠮᠰᠠᠨ ᠳᠠ ᠭᠡᠵᠦ ᠰᠡᠭᠦᠷᠡᠰᠦ ᠠᠯᠳᠠᠬᠤ ᠳ᠋ᠤᠨᠢ(ᠳ᠋ᠤ᠌ ᠨᠢ)᠂ 
       — ᠡᠵᠢ᠂ ᠲᠡᠷᠡ ᠬᠠᠭᠤᠴᠢᠨ ᠭᠡᠳᠡᠭ ᠮᠠᠨᠢ᠂ ᠪᠢᠳᠡᠨ ᠦ᠌ ᠣᠷᠴᠢᠨ ᠲᠣᠭᠣᠷᠢᠨ ᠳ᠋ᠤ᠌ ᠶᠡᠷᠦ ᠤᠳᠠᠭᠠᠨ ᠨᠠᠰᠤᠯᠠᠬᠤ ᠪᠠᠨ ᠪᠠᠢᠵᠠᠢ᠃ ᠪᠢᠳᠡ ᠪᠢᠯᠢᠭ ᠦ᠋ᠨ ᠵᠢᠷᠤᠬᠠᠢ ᠪᠠᠷ ᠣᠳᠣ ᠠᠷᠪᠠᠨ ᠲᠠᠪᠤᠳᠤᠭᠠᠷ ᠮᠥᠴᠡᠯᠭᠡ ᠶ᠋ᠢᠨ ᠰᠢᠪᠲᠤᠷᠠᠭᠠᠨ ᠳ᠋ᠤ᠌ ᠪᠠᠢᠵᠤ ᠪᠠᠢᠭ᠎ᠠ ᠤᠯᠤᠰ᠃ ᠮᠠᠨᠠᠢ(ᠮᠠᠨ ᠤ᠋) ᠣᠷᠴᠢᠨ ᠲᠣᠭᠣᠷᠢᠨ ᠳ᠋ᠤ᠌ ᠪᠠᠢᠭ᠎ᠠ ᠲᠦᠮᠡᠨ ᠤᠯᠤᠰ ᠴᠥᠮ ᠬᠣᠷᠢᠳᠤᠭᠠᠷ ᠮᠥᠴᠡᠯᠭᠡ ᠶ᠋ᠢᠨ ᠦᠶ᠎ᠡ ᠳ᠋ᠦ᠍ ᠣᠷᠣᠰᠢᠵᠤ ᠪᠠᠢᠭ᠎ᠠ ᠬᠡᠷᠡᠭ᠃ ᠳᠤᠮᠳᠠᠳᠤ ᠤᠯᠤᠰ᠂ ᠳᠠᠢᠴᠢᠩ ᠤᠯᠤᠰ ᠤᠨ ᠡᠵᠡᠨᠲᠦ ᠤᠯᠤᠰ ᠠ᠋ᠴᠠ ᠪᠦᠭᠦᠳᠡ ᠨᠠᠢᠷᠠᠮᠳᠠᠬᠤ ᠵᠠᠰᠠᠭ ᠲᠠᠢ ᠪᠣᠯᠬᠤ ᠲᠡᠰᠢ ᠪᠤᠴᠠᠯᠲᠠ ᠦᠭᠡᠢ ᠣᠷᠣᠵᠠᠢ᠃ ᠪᠢᠳᠡ ᠰᠥᠨᠥᠵᠦ ᠪᠠᠢᠭ᠎ᠠ ᠳᠠᠢᠴᠢᠩ ᠤᠯᠤᠰ ᠠ᠋ᠴᠠ ᠲᠤᠰᠠᠭᠠᠷᠯᠠᠬᠤ ᠶ᠋ᠢ ᠡᠨᠳᠡ ᠵᠠᠷᠯᠠᠭᠰᠠᠨ ᠶᠠᠪᠤᠳᠠᠯ᠂ ᠪᠠᠰᠠ ᠯᠠ ᠮᠠᠨᠵᠤ ᠤᠯᠤᠰ ᠤ᠋ᠨ ᠠᠯᠤᠰᠯᠠᠭᠰᠠᠨ ᠪᠥᠭᠯᠡᠭᠦᠦ ᠵᠡᠯᠡᠭᠦᠳᠡ ᠵᠠᠬ᠎ᠠ ᠬᠢᠵᠠᠭᠠᠷ ᠭᠠᠵᠠᠷ ᠮᠠᠨᠠᠢ ᠡᠨᠳᠡ ᠬᠠᠭᠤᠴᠢᠨ ᠤ᠋ ᠶᠠᠭᠤᠮ᠎ᠠ ᠡᠴᠦᠰ ᠪᠣᠯᠬᠤ ᠶ᠋ᠢᠨ ᠡᠬᠢ ᠵᠠᠬ᠎ᠠ ᠴᠤᠬᠤᠢᠵᠤ ᠪᠠᠢᠭ᠎ᠠ ᠬᠡᠷᠡᠭ᠃ ᠮᠠᠨᠠᠢ ᡀᠠ ᠪᠠᠢᠰᠠ ᠳᠤᠷ᠎ᠠ ᠲᠠᠢ ᠴᠤ᠌ ᠭᠡᠰᠡᠨ᠂ ᠳᠤᠷ᠎ᠠ ᠦᠭᠡᠢ ᠴᠦ᠍ ᠭᠡᠰᠡᠨ ᠨᠠᠰᠤᠨ ᠤ᠋ ᠬᠡᠮᠵᠢᠶ᠎ᠡ ᠪᠣᠯᠵᠤ᠂ ᠶᠠᠮᠠᠷ ᠴᠤ᠌ ᠵᠣᠯᠢᠭ ᠭᠠᠷᠭᠠᠭᠰᠠᠨ ᠶᠡᠷᠦ ᠠᠪᠤᠷᠠᠬᠤ ᠠᠪᠤᠷᠠᠯ ᠠᠯᠠᠭ᠎ᠠ ᠪᠣᠯᠵᠤ ᠪᠠᠢᠭ᠎ᠠ ᠬᠡᠷᠡᠭ᠃ ᠮᠠᠨᠠᠢ ᠴᠡᠷᠢᠭ ᠡᠷ᠎ᠡ᠂ ᠪᠢᠳᠡᠨ ᠢ᠋ ᠳᠠᠬᠢᠨ ᠲᠠᠯᠬᠢᠨ ᠳ᠋ᠤ᠌ ᠣᠷᠣᠭᠤᠯᠬᠤ ᠭᠡᠵᠦ ᠪᠠᠢᠭ᠎ᠠ ᠮᠠᠨᠵᠤ ᠬᠢᠲᠠᠳ ᠤ᠋ᠨ ᠴᠡᠷᠢᠭ ᠦ᠋ᠨ ᠡᠷᠬᠡᠲᠡᠨ ᠲᠡᠢ ᠲᠡᠮᠡᠴᠡᠨ᠎ᠡ ᠭᠡᠵᠦ ᠰᠡᠯᠡᠮ᠎ᠡ ᠪᠡᠨ ᠪᠢᠯᠡᠭᠦᠳᠡᠵᠦ ᠪᠠᠢᠭ᠎ᠠ ᠪᠣᠯ᠂ ᠪᠢ ᠴᠦ᠍ ᠠᠮᠢᠳᠤ ᠶᠠᠭᠤᠮ᠎ᠠ ᠠ᠋ᠴᠠ ᠵᠢᠭᠤᠷᠠᠯᠳᠤᠨ ᠴᠢᠩᠭᠠᠴᠠᠯᠳᠤᠵᠤ (ᠴᠢᠩᠭᠠᠭᠠᠯᠳᠤᠵᠤ )ᠪᠠᠢᠭ᠎ᠠ ᠬᠠᠭᠤᠴᠢᠨ ᠤ᠋ ᠮᠥᠬᠥᠵᠦ ᠰᠥᠨᠥᠬᠦ ᠶᠠᠭᠤᠮ᠎ᠠ ᠲᠠᠢ ᠴᠢᠳᠠᠯ ᠤ᠋ᠨ ᠢ᠋ᠶ᠋ᠠᠨ ᠬᠢᠷᠢ ᠪᠡᠷ ᠲᠡᠮᠡᠴᠡᠬᠦ ᠭᠡᠵᠦ ᠪᠢᠷ ᠢ᠋ ᠪᠡᠬᠡ ᠶ᠋ᠢᠨ ᠵᠢᠭᠤᠷᠠᠭᠤᠯ ᠳ᠋ᠤ᠌ ᠪᠢᠯᠡᠭᠦᠳᠡᠨ ᠨᠡᠢᠯᠡᠭᠦᠯᠵᠦ ᠪᠠᠢᠭ᠎ᠠ ᠶᠤᠮ ᠠ᠋ ᠭᠡᠬᠦ ᠳ᠋ᠦ᠍ᠨᠢ᠂ ᠫᠠᠭᠮ᠎ᠠ ᠵᠥᠭᠡᠯᠡᠨ ᠳᠥᠯᠭᠡᠨ ᠢ᠋ᠶ᠋ᠡᠷ ᠥᠭᠦᠯᠡᠷᠦᠨ᠄ 
       — ᠬᠦᠦ ᠮᠢᠨᠢ ᠭᠠᠭᠴᠠ ᠬᠥᠮᠦᠨ— ᠬᠥᠮᠦᠨ ᠪᠣᠯᠳᠠᠭ ᠦᠭᠡᠢ᠂ ᠭᠠᠭᠴᠠ ᠴᠤᠴᠠᠯᠢ ᠭᠠᠯ ᠪᠣᠯᠳᠠᠭ ᠦᠭᠡᠢ ᠭᠡᠳᠡᠭ ᠪᠢᠰᠢ ᠤᠤ ᠭᠡᠵᠦ ᠬᠡᠯᠡᠪᠡ᠃  


           ᠦᠰᠦᠭ ᠠᠮᠢᠯᠠᠭᠤᠯᠤᠭᠴᠢ᠄ ᠣᠶᠤᠨᠪᠢᠯᠢᠭ᠌᠂ ᠮᠧᠢ ᠬᠤᠸᠠ᠂ ᠪᠠᠯ᠂ ᠣᠶᠤᠨᠪᠠᠲᠤ᠂ 
                                   ᠤᠢᠭᠤᠷᠵᠢᠨ·ᠣᠳᠬᠣᠨᠪᠠᠪᠠ᠂ ᠪᠠᠳᠮᠠᠰᠡᠴᠡᠨ᠂ ᠮᠥᠩᠭᠥᠨᠭᠣᠸ᠎ᠠ
               ᠬᠢᠨᠠᠭᠴᠢ᠄ ᠣᠳᠬᠣᠨᠴᠡᠴᠡᠭ᠂ ᠤᠢᠭᠤᠷᠵᠢᠨ·ᠣᠳᠬᠣᠨᠪᠠᠪᠠ᠂ ᠪᠠᠳᠮᠠᠰᠡᠴᠡᠨ᠂ ᠲ·ᠬᠦᠮᠦᠵᠢᠯᠲᠦ᠂ ᠪᠠᠯ 
                ᠤᠩᠰᠢᠭᠴᠢ᠄ ᠨᠠᠰᠤᠨ᠌ᠦ᠌ᠯᠵᠡᠢ