ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ –ᠬᠣᠶᠠᠳᠤᠭᠠᠷ ᠪᠦᠯᠦᠭ <ᠭᠤᠷᠪᠠ> Хан мунын сүүрс < доорд > – Мөнх зохиоов ᠂ Гутгаар бодь – Хоёрдугаар бүлэг <3> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ –ᠬᠣᠶᠠᠳᠤᠭᠠᠷ ᠪᠦᠯᠦᠭ <ᠭᠤᠷᠪᠠ> Хан мунын сүүрс < доорд > – Мөнх зохиоов ᠂ Гутгаар бодь – Хоёрдугаар бүлэг <3>

ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ –ᠬᠣᠶᠠᠳᠤᠭᠠᠷ ᠪᠦᠯᠦᠭ <ᠭᠤᠷᠪᠠ> Хан мунын сүүрс < доорд > – Мөнх зохиоов ᠂ Гутгаар бодь – Хоёрдугаар бүлэг <3>

ᠠᠩᠭᠢᠯᠠᠯ:ᠲᠤᠭᠤᠵᠢ ᠷᠣᠮᠠᠨ
2024-12-31

403

ᠭᠤᠲᠠᠭᠠᠷ ᠪᠣᠲᠢ –ᠬᠣᠶᠠᠳᠤᠭᠠᠷ ᠪᠦᠯᠦᠭ <ᠭᠤᠷᠪᠠ>


               ᠭᠤᠷᠪᠠ

       ᠡᠪᠡᠰᠦ ᠤᠷᠭᠤᠮᠠᠯ ᠤᠨ ᠨᠠᠮᠠᠭ᠎ᠠ ᠮᠥᠴᠢᠷ ᠲᠦ ᠲᠣᠭᠲᠠᠭᠰᠠᠨ ᠲᠣᠷᠭᠠᠨ ᠲᠣᠭᠣᠰᠣ ᠶᠢ ᠤᠬᠢᠶᠠᠨ ᠴᠡᠪᠡᠷᠯᠡᠭᠡ ᠶᠤᠮ ᠰᠢᠭ ᠪᠠᠢᠨ ᠪᠠᠢᠨ ᠱᠠᠭᠢᠨ ᠥᠩᠭᠡᠷᠡᠬᠦ ᠠᠭᠤᠯᠠ ᠶᠢᠨ ᠪᠣᠷᠣᠭᠠᠨ ᠤ ᠳᠠᠷᠠᠭ᠎ᠠ ᠴᠢᠭᠢᠭ ᠬᠠᠩᠬᠤᠯᠵᠤ ᠰᠡᠷᠢᠭᠦᠦ ᠲᠠᠲᠠᠬᠤ ᠨᠢ ᠠᠶᠠᠲᠠᠢᠬᠠᠨ᠃ ᠪᠣᠷᠣᠭᠠᠨ ᠢᠶᠠᠷ ᠠᠷᠴᠢᠭᠳᠠᠭᠰᠠᠨ ᠬᠦᠷᠡᠩ ᠠᠯᠠᠭ ᠬᠠᠳᠠ᠂ ᠠᠷᠴᠠ ᠠᠭᠠᠷᠤ ᠮᠣᠳᠣᠳ ᠤᠨ ᠱᠣᠪᠣᠭᠤᠷ ᠣᠷᠣᠢ ᠡᠭᠦᠯᠡᠨ ᠡᠴᠡ ᠵᠠᠪᠰᠢᠭ᠌ᠰᠠᠨ ᠨᠠᠷᠠᠨ ᠤ ᠬᠤᠷᠴᠠ ᠭᠡᠷᠡᠯ ᠳᠦ ᠥᠩᠭᠡ ᠪᠤᠳᠤᠭᠰᠢᠵᠤ᠂ ᠬᠠᠷᠠᠬᠤ ᠳᠤ ᠶᠠᠭᠤᠮ᠎ᠠ ᠪᠥᠬᠥᠨ ᠬᠠᠷᠠᠭ᠎ᠠ ᠲᠡᠨᠡᠢᠵᠦ ᠲᠣᠲᠣᠷ᠎ᠠ ᠣᠩᠭᠣᠢᠨ᠎ᠠ᠃
       ᠵᠠᠩᠴᠤᠪ ᠨᠠᠰᠤᠲᠠᠢ ᠡᠵᠢ ᠶ᠋ᠢᠨ ᠢ᠋ᠶ᠋ᠡᠨ ᠮᠥᠭᠥ ᠲᠡᠭᠦᠬᠦ ᠪᠡᠷ ᠶᠠᠪᠤᠭᠰᠠᠨ ᠬᠣᠢᠭᠤᠷ ᠭᠠᠭᠴᠠᠭᠠᠷᠳᠠᠵᠤ ᠬᠡᠴᠡᠭᠦᠦ ᠤᠢᠳᠬᠠᠷᠯᠠᠨ᠎ᠠ᠃ ᠠᠮᠠᠷᠠᠭ ᠪᠦᠰᠡᠭᠦᠢ ᠪᠯᠠᠮᠤ ᠪᠣᠯᠤᠨ ᠬᠠᠢᠷᠠᠲᠤ ᠬᠣᠶᠠᠷ ᠬᠦᠦ ᠨᠢ ᠨᠢᠳᠦᠨ ᠳ᠋ᠦ᠍ ᠪᠠᠢᠨ ᠪᠠᠢᠨ ᠲᠣᠳᠣᠷᠠᠭᠠᠳ ᠪᠠᠢᠬᠤ ᠶ᠋ᠢ ᠨᠢ ᠶᠠᠭᠠᠬᠢᠶ᠎ᠠ!《ᠵᠠ᠂ ᠪᠠᠢᠵᠠ ᠳᠠ!᠃ ᠮᠡᠷᠭᠡᠨ ᠴᠠᠭᠠᠨ ᠯᠠᠮᠠᠬᠠᠢ ᠪᠠᠷ ᠶᠢᠰᠦᠨ ᠵᠣᠭᠣᠰᠤᠨ ᠤ᠋ ᠲᠥᠯᠭᠡ ᠬᠠᠶᠠᠭᠤᠯᠵᠤ ᠪᠦᠰᠡᠭᠦᠢ ᠬᠡᠦᠬᠡᠳ ᠦ᠋ᠨ ᠢ᠋ᠶ᠋ᠡᠨ ᠰᠤᠷᠠᠭ ᠢ᠋ ᠰᠣᠨᠣᠰᠴᠤ ᠠᠮᠠᠷᠠᠶ᠎ᠠ᠃ ᠬᠠᠮᠢᠭ᠎ᠠ ᠭᠠᠵᠠᠷ ᠡᠰᠡᠨ ᠮᠡᠨᠳᠦ ᠪᠠᠢᠭ᠎ᠠ ᠪᠣᠯᠪᠠ ᠤᠤ⁈ ᠡᠰᠡᠪᠡᠰᠦ ᠁ 》 ᠭᠡᠵᠦ ᠰᠢᠪᠠᠭᠤᠲᠤ ᠶ᠋ᠢᠨ ᠳᠠᠪᠠᠭ᠎ᠠ ᠶ᠋ᠢ ᠳᠠᠪᠠᠨ ᠰᠢᠷᠭ᠎ᠠ ᠮᠣᠷᠢᠲᠤ ᠶ᠋ᠢᠨ ᠬᠢᠷ᠎ᠠ ᠪᠠᠷ ᠥᠭᠰᠥᠨ ᠶᠠᠪᠤᠵᠤ ᠮᠠᠷᠭᠡᠨ ᠴᠠᠭᠠᠨ ᠯᠠᠮᠠᠬᠠᠢ ᠪᠠᠷ ᠶᠢᠰᠦᠨ ᠵᠣᠭᠣᠰ ᠰᠢᠭᠰᠢᠭᠦᠯᠦᠨ ᠲᠥᠯᠭᠡᠳᠡᠭᠦᠯᠵᠦ ᠠᠪᠤᠭᠠᠳ ᠥᠯᠤᠩᠲᠣ ᠶ᠋ᠢᠨ ᠪᠠᠷᠠᠭᠤᠨ ᠬᠢᠷ᠎ᠠ ᠳᠡᠭᠡᠷ᠎ᠡ ᠭᠠᠷᠴᠤ ᠠᠯᠤᠰ ᠢ᠋ ᠳᠤᠷᠠᠨᠳᠠᠵᠤ ᠰᠠᠭᠤᠯ᠎ᠠ ᠁ 
       ᠥᠯᠦᠩᠲᠤ ᠶ᠋ᠢᠨ ᠪᠤᠷᠭᠠᠰᠤᠲᠠᠢ ᠪᠤᠯᠤᠩ ᠳ᠋ᠤ᠌ ᠪᠠᠷᠢᠭᠰᠠᠨ ᠪᠣᠷᠣ ᠭᠡᠷ ᠦ᠋ᠨ ᠡᠭᠦᠳᠡᠨ ᠳᠡᠭᠡᠷ᠎ᠡ ᠨᠢᠭᠡ ᠪᠦᠰᠡᠭᠦᠢ ᠠᠭᠠᠷᠤᠤᠯ ᠪᠠᠵᠠᠵᠤ ᠰᠠᠭᠤᠨ᠎ᠠ᠃ ᠰᠠᠭᠠᠯᠢ ᠶ᠋ᠢᠨ ᠰᠥᠷᠥ ᠳᠡᠭᠡᠷ᠎ᠡ ᠨᠢ ᠬᠡᠳᠦᠨ ᠪᠦᠯᠢᠯᠭᠡ ᠶ᠋ᠢᠨ ᠠᠭᠠᠷᠤᠤᠯ ᠬᠠᠲᠠᠭᠠᠭᠰᠠᠨ ᠬᠠᠷᠠᠭᠳᠠᠬᠤ ᠶᠤᠮ᠃ ᠭᠣᠣᠯ ᠤ᠋ᠨ ᠢᠷᠮᠡᠭ ᠦ᠋ᠨ ᠪᠤᠷᠭᠠᠰᠤᠨ ᠤ᠋ ᠰᠡᠭᠦᠳᠡᠷ ᠲᠦ᠍ ᠪᠠᠷᠠᠭᠠᠨ ᠵᠢᠰᠦᠮ ᠦ᠋ᠨ ᠮᠣᠷᠢ ᠤᠶᠠᠭᠠᠲᠠᠢ᠂ ᠲᠡᠭᠦᠨ ᠦ᠌ ᠬᠣᠢᠲᠤ ᠲᠠᠯ᠎ᠠ ᠳ᠋ᠤ᠌ ᠠᠷᠪᠠᠨ ᠬᠡᠳᠦᠲᠡᠢ ᠨᠢᠭᠡ ᠬᠦᠦ ᠬᠠᠷᠠᠯᠠᠭ ᠪᠢᠷᠠᠭᠤ ᠶ᠋ᠢ ᠢᠰᠢᠭᠡ ᠬᠤᠷᠠᠭ᠎ᠠ ᠲᠡᠪᠡᠷᠢᠬᠦ ᠰᠢᠭ ᠳᠡᠮᠡᠢ ᠯᠠ ᠬᠦᠴᠦ ᠣᠷᠣᠬᠤ ᠦᠭᠡᠢ ᠲᠡᠪᠡᠷᠢᠵᠦ ᠡᠷᠭᠦᠴᠢᠬᠡᠭᠡᠳ ᠳᠣᠣᠷ᠎ᠠ ᠲᠠᠯᠪᠢᠨ ᠳᠠᠬᠢᠨ ᠳᠠᠪᠲᠠᠨ ᠡᠢᠨ ᠬᠦ᠌ ᠲᠡᠪᠡᠷᠢᠬᠦ ᠶ᠋ᠢ ᠬᠠᠷᠠᠭᠠᠳ ᠵᠠᠩᠴᠤᠪ ᠭᠠᠢᠬᠠᠪᠠ᠃ 
      《ᠶᠠᠭᠠᠬᠢᠭᠰᠠᠨ ᠰᠦᠷᠡᠬᠡᠢ ᠳᠣᠷᠪᠢᠲᠠᠢ ᠬᠦᠦ ᠭᠡᠭᠴᠢ ᠡᠨᠡ ᠪᠣᠢ ? ᠡᠷᠲᠡ ᠤᠷᠢᠳᠤ ᠶ᠋ᠢᠨ ᠴᠠᠭ ᠲᠤ᠌ ᠤᠷᠠᠳ ᠤ᠋ᠨ ᠪᠠᠷᠠᠭᠤᠨ ᠬᠦᠩ ᠦ᠋ᠨ ᠬᠤᠰᠢᠭᠤᠨ ᠳ᠋ᠤ᠌ ᠪᠥᠬᠡ ᠦᠷᠡᠵᠠ ᠭᠡᠳᠡᠭ ᠮᠤᠨᠳᠠᠭ ᠴᠢᠳᠠᠯ ᠲᠠᠢ ᠪᠦᠳᠦᠭᠦᠨ ᠪᠥᠬᠡ ᠪᠠᠢᠯ᠎ᠠ ᠭᠡᠵᠦ ᠨᠠᠰᠤᠳᠠᠢᠴᠤᠣᠯ ᠬᠠᠭᠤᠴᠢᠯᠠᠳᠠᠭ ᠪᠠᠢᠯ᠎ᠠ ᠁ ᠪᠥᠬᠡ ᠦᠷᠡᠵᠠ ᠨᠢᠯᠬ᠎ᠠ ᠲᠤᠭᠤᠯ ᠢ᠋ ᠡᠳᠦᠷ ᠠᠯᠭᠠᠰᠠᠯ ᠦᠭᠡᠢ ᠲᠡᠪᠡᠷᠢᠵᠦ ᠡᠷᠭᠦᠨ ᠡᠳᠦᠷ ᠦ᠋ᠨ ᠮᠠᠷᠭᠠᠰᠢ ᠬᠣᠨᠣᠭ ᠤ᠋ᠨ ᠲᠣᠭ᠎ᠠ ᠨᠡᠮᠡᠵᠦ ᠲᠡᠪᠡᠷᠢᠳᠡᠭ ᠳᠠᠰᠬᠠᠯ ᠬᠢᠳᠡᠭ ᠪᠠᠢᠵᠢ ᠭᠡᠨ᠎ᠡ᠃ ᠡᠳᠦᠷ ᠥᠰᠴᠦ ᠬᠣᠨᠣᠭ ᠡᠯᠡᠭᠡᠬᠦ ᠲᠣᠰᠤᠮ ᠥᠨᠥᠬᠢ ᠲᠤᠭᠤᠯ ᠨᠢ ᠰᠢᠳᠦᠯᠡᠩ ᠪᠢᠷᠠᠭᠤ ᠪᠣᠯᠵᠤ᠂ ᠰᠢᠳᠦᠯᠡᠩ ᠪᠢᠷᠠᠭᠤ ᠠ᠋ᠴᠠ ᠪᠠᠨ ᠬᠢᠵᠠᠭᠠᠯᠠᠩ᠂ ᠰᠣᠶᠣᠭᠠᠯᠠᠩ ᠁ ᠪᠤᠬ᠎ᠠ ᠪᠣᠯᠲᠠᠯ᠎ᠠ ᠨᠢ ᠡᠷᠭᠦᠵᠦ ᠳᠠᠭᠠᠭᠠᠳᠠᠭ ᠠᠶᠤᠮᠠᠷ ᠲᠤᠷᠪᠢ ᠰᠠᠭᠤᠭᠰᠠᠨ ᠪᠦᠳᠦᠭᠦᠨ ᠪᠥᠬᠡ ᠪᠣᠯᠵᠢ ᠭᠡᠨ᠎ᠡ᠃ ᠪᠥᠬᠡ ᠦᠷᠡᠵᠠ ᠪᠡᠶ᠎ᠡ ᠪᠢᠯᠳᠠᠷ ᠪᠦᠳᠦᠭᠦᠨ ᠬᠠᠳᠤᠭᠤᠨ᠂ ᠲᠠᠮᠢᠷ ᠲᠡᠩᠬᠡᠭᠡ ᠨᠢ ᠡᠩ ᠦ᠋ᠨ ᠬᠥᠮᠦᠨ ᠡᠴᠡ ᠬᠡᠲᠦᠢᠳᠦᠭᠰᠡᠨ ᠪᠣᠯᠬᠣᠷ ᠭᠠᠭᠴᠠᠭᠠᠷ ᠢ᠋ᠶ᠋ᠠᠨ ᠦᠬᠡᠷ ᠦ᠋ᠨ ᠨᠢᠭᠡ ᠡᠪᠴᠢᠭᠦᠦ᠂ ᠳᠥᠷᠪᠡᠨ ᠥᠨᠳᠥᠷ ᠲᠡᠢ ᠨᠢ ᠢᠳᠡᠴᠢᠬᠡᠭᠡᠳ ᠲᠠᠷᠲᠡᠭᠰᠠᠨ ᠢᠩᠭᠡᠨ ᠲᠡᠮᠡᠭᠡ ᠲᠡᠢ ᠪᠡᠯᠪᠠᠨᠴᠠᠭ ᠲᠡᠷᠭᠡᠨ ᠳᠡᠭᠡᠷ᠎ᠡ ᠪᠡᠨ ᠡᠵᠢ ᠪᠡᠨ ᠰᠠᠭᠤᠯᠭᠠᠴᠢᠬᠠᠭᠠᠳ ᠲᠡᠷᠭᠡ ᠲᠡᠢ ᠲᠡᠮᠡᠭᠡ ᠲᠡᠢ ᠨᠢ ᠡᠭᠦᠷᠦᠭᠡᠳ ᠶᠠᠪᠤᠴᠢᠬᠠᠭᠳᠠᠭ ᠰᠠᠢᠨ ᠡᠷ᠎ᠡ ᠪᠠᠢᠯ᠎ᠠ ᠭᠡᠰᠡᠨ ᠶᠦᠮ᠃ ᠲᠡᠭᠡᠬᠦ ᠳ᠋ᠦ᠍ ᠪᠥᠬᠡ ᠦᠷᠡᠵᠠ ᠶ᠋ᠢᠨ ᠪᠦᠳᠦᠭᠦᠨ ᠰᠦᠨᠡᠰᠦ ᠲᠡᠨᠦᠵᠦ ᠲᠡᠨᠦᠵᠦ᠂ ᠮᠤᠨᠠ ᠠᠭᠤᠯᠠᠨ ᠤ᠋ ᠮᠤᠬᠤᠷ ᠤ᠋ᠨ ᠡᠨᠡ ᠬᠦᠦ ᠳ᠋ᠦ᠍ ᠣᠷᠣᠰᠢᠴᠢᠬᠠᠭᠰᠠᠨ ᠪᠠᠢᠵᠢ ᠪᠢᠰᠢ ᠤᠤ⁈ 》ᠭᠡᠵᠦ ᠪᠣᠳᠣᠨ 《ᠠ᠂ ᠡᠨᠡ ᠵᠡᠭᠦᠨᠲᠡᠢ ᠦᠯᠤᠩᠲᠦ ᠳ᠋ᠤ᠌ ᠨᠢᠭᠡ ᠠᠢᠯ ᠪᠣᠢ᠃ ᠲᠡᠷᠡ ᠠᠢᠯ ᠤ᠋ᠨ ᠣᠳᠬᠣᠨ ᠬᠦᠦ ᠨᠢ ᠪᠢᠷᠠᠭᠤ ᠲᠤᠭᠤᠯ ᠢ᠋ ᠢᠰᠢᠭᠡ ᠬᠤᠷᠠᠭ᠎ᠠ ᠲᠡᠪᠡᠷᠢᠬᠦ ᠰᠢᠭ ᠬᠡᠢ ᠡᠷᠭᠦᠴᠢᠬᠡᠳᠡᠭ ᠰᠦᠷᠡᠬᠡᠢ ᠴᠢᠳᠠᠯᠲᠠᠢ ᠬᠦᠦ ᠶᠦᠮ᠃ ᠠ᠂ ᠲᠡᠷᠡ ᠴᠦ᠍ ᠬᠣᠵᠢᠮ ᠬᠡᠴᠡᠭᠦᠦ ᠰᠠᠢᠨ ᠡᠷ᠎ᠡ ᠭᠠᠷᠤᠨ᠎ᠠ! ᠪᠥᠬᠡ ᠦᠷᠡᠵᠠ ᠰᠢᠭ ᠢᠶᠡᠨ ᠪᠦᠳᠦᠭᠦᠨ ᠪᠥᠬᠡ ᠪᠣᠯᠵᠤ ᠴᠤ᠌ ᠮᠠᠭᠠᠳ ᠦᠭᠡᠢ᠃ ᠬᠥᠮᠦᠨ ᠪᠣᠯᠬᠤ ᠪᠠᠭ᠎ᠠ ᠠ᠋ᠴᠠ ᠪᠠᠨ᠂ ᠬᠦᠯᠦᠭ ᠪᠣᠯᠬᠤ ᠤᠨᠠᠭᠠᠨ ᠠ᠋ᠴᠠ ᠪᠠᠨ ᠭᠡᠳᠡᠭ ᠦᠭᠡ ᠣᠷᠣ ᠲᠠᠢ᠃ ᠬᠠᠪᠤᠲᠤ ᠬᠠᠰᠠᠷ ᠤ᠋ᠨ ᠤᠳᠤᠮ ᠤᠭᠰᠠᠭ᠎ᠠ ᠬᠠᠳᠠᠨ ᠤᠷᠠᠳ ᠤ᠋ᠨ ᠬᠣᠢᠴᠢᠰ ᠭᠡᠭᠴᠢ ᠡᠢᠮᠦ ᠳ᠋ᠡᠭᠡᠨ ᠲᠠᠭᠠᠷᠠᠨ᠎ᠠ ᠁ 》 ᠭᠡᠵᠦ ᠮᠡᠷᠭᠡᠨ ᠴᠠᠭᠠᠨ ᠯᠠᠮᠠᠬᠠᠢ ᠶ᠋ᠢᠨ ᠰᠠᠴᠠᠯᠠᠵᠤ ᠬᠡᠯᠡᠭᠰᠡᠨ ᠢ᠋ ᠰᠠᠨᠠᠵᠤ᠂ ᠡᠨᠡ ᠠᠢᠯ ᠴᠣᠬᠣᠮ ᠬᠡᠨ ᠦ᠌ ᠬᠢ ᠪᠣᠯᠴᠢᠬᠠᠪᠠ ? ᠤᠷᠢᠳᠤ ᠡᠨᠡᠭᠦᠷ ᠠᠩ ᠬᠥᠷᠥᠭᠡᠨ ᠳ᠋ᠦ᠍ ᠶᠠᠪᠤᠵᠤ ᠪᠠᠢᠬᠤ ᠳ᠋ᠠᠭᠠᠨ ᠴᠢᠨᠣ᠎ᠠ ᠶ᠋ᠢᠨ ᠠᠪᠠ ᠬᠢᠵᠦ ᠬᠠᠶᠠ ᠥᠯᠥᠩᠲᠦ ᠶ᠋ᠢᠨ ᠡᠬᠢ ᠪᠡᠷ ᠶᠠᠪᠤᠵᠤ ᠪᠠᠢᠭᠰᠠᠨ᠃ ᠣᠲᠣᠷ ᠬᠠᠢᠳᠠᠭ ᠤ᠋ᠨ ᠠᠢᠯ ᠭᠡᠵᠦ ᠶᠡᠷᠦ ᠪᠠᠢᠭ᠎ᠠ ᠦᠭᠡᠢ᠃ ᠪᠢᠲᠡᠭᠦᠦ ᠰᠢᠷᠢᠩᠭᠢ ᠲᠡᠢ ᠪᠣᠢᠳᠠ ᠪᠥᠭᠯᠡᠭᠦᠦ ᠪᠣᠯᠬᠣᠷ ᠠᠳᠠ ᠬᠥᠳᠡᠭᠡᠯᠡᠢ ᠡᠭᠦᠷᠯᠡᠵᠦ ᠪᠠᠢᠳᠠᠭ᠃ ᠢᠩᠭᠢᠭᠦᠯᠡᠷ ᠵᠢᠪᠡᠭᠦᠨ ᠭᠠᠵᠠᠷ ᠭᠡᠵᠦ ᠬᠥᠮᠦᠰ ᠰᠠᠵᠢᠭᠯᠡᠨ ᠠᠢᠯ ᠠᠢᠮᠠᠭ ᠪᠠᠭᠤᠳᠠᠭ ᠦᠭᠡᠢ ᠶᠦᠮ᠃ ᠮᠡᠷᠭᠡᠨ ᠴᠠᠭᠠᠨ ᠯᠠᠮᠠᠬᠠᠢ ᠶ᠋ᠢᠨ ᠶᠢᠰᠦᠨ ᠵᠣᠭᠣᠰᠤᠨ ᠤ᠋ ᠲᠥᠯᠭᠡ ᠳ᠋ᠦ᠍《ᠵᠠ᠂ ᠬᠦᠦ ᠮᠢᠨᠢ ᠰᠠᠢᠨ ᠲᠥᠯᠭᠡ ᠪᠠᠭᠤᠵᠢ ᠳᠠ᠂ <ᠴᠠᠭᠠᠨ ᠬᠡᠷᠢᠶ᠎ᠡ> ① ᠪᠠᠭᠤᠭᠰᠠᠨ ᠲᠦᠷᠭᠡᠨ ᠪᠠᠶᠠᠷ ᠢᠷᠡᠬᠦ ᠲᠥᠯᠭᠡ ᠪᠣᠢ᠃ ᠪᠦᠰᠡᠭᠦᠢ ᠬᠡᠦᠬᠡᠳ ᠴᠢᠨᠢ ᠡᠨᠡᠭᠦᠬᠡᠨ ᠣᠢᠷᠬᠠᠨ ᠪᠠᠢᠨ᠎ᠠ᠃ ᠡᠰᠡᠨ ᠮᠡᠨᠳᠦ ᠠᠮᠤᠭᠤᠯᠠᠩ ᠵᠢᠷᠭᠠᠯᠠᠩᠲᠠᠢ ᠪᠠᠢᠭ᠎ᠠ ᠁ ᠲᠦᠰᠢᠭᠲᠡᠢ ᠬᠠᠷ᠎ᠠ ᠬᠥᠮᠦᠨ ᠲᠦᠰᠢᠭᠰᠡᠨ ᠪᠠᠢᠳᠠᠯ ᠲᠠᠢ ᠁》 ᠭᠡᠵᠦ ᠮᠡᠷᠭᠡᠯᠡᠭᠰᠡᠨ ᠢ᠋ ᠰᠠᠨᠠᠵᠤ 《ᠡᠨᠡ ᠠᠭᠠᠷᠤᠤᠯ ᠪᠠᠵᠠᠵᠤ ᠰᠠᠭᠤᠭ᠎ᠠ ᠪᠦᠰᠡᠭᠦᠢ ᠪᠯᠠᠮᠤ ᠮᠢᠨᠢ ᠭᠡᠵᠢ ᠤᠤ? ᠪᠢᠰᠢ ᠪᠠᠢᠬ᠎ᠠ ᠠ᠋ ! 》ᠭᠡᠵᠦ ᠪᠠᠶᠠᠷ ᠤ᠋ᠨ ᠲᠤᠶᠠᠭ᠎ᠠ ᠭᠢᠯᠠᠰᠬᠢᠨ ᠬᠠᠷᠪᠤᠵᠤ ᠣᠷᠣᠭᠠᠳ ᠲᠦᠷᠭᠡᠨ ᠵᠠᠢᠯᠠᠪᠠ᠃ 
       ᠳᠤᠷᠠᠨ ᠤ᠋ ᠬᠠᠷᠠᠭᠠᠨ ᠳ᠋ᠤ᠌᠂ ᠲᠡᠷᠡ ᠪᠦᠰᠡᠭᠦᠢ ᠪᠠᠵᠠᠭᠰᠠᠨ ᠠᠭᠠᠷᠤᠤᠯ ᠢ᠋ᠶ᠋ᠠᠨ ᠰᠥᠷᠥ ᠳᠡᠭᠡᠷ᠎ᠡ ᠲᠠᠯᠪᠢᠴᠢᠬᠠᠭᠠᠳ ᠮᠣᠳᠣᠨ ᠰᠠᠭᠤᠯᠠᠭ᠎ᠠ ᠠᠪᠴᠤ ᠪᠤᠯᠠᠭ ᠤ᠋ᠨ ᠤᠰᠤ ᠤᠷᠤᠭᠤ ᠭᠡᠲᠠᠯᠵᠠᠨ ᠠᠯᠬᠤᠬᠤ ᠨᠢ ᠳᠠᠬᠢᠭᠠᠳ ᠲᠣᠳᠣᠷᠠᠨ᠎ᠠ ᠁ 《ᠰᠠᠭᠤᠯᠠᠭ᠎ᠠ ᠠᠪᠤᠭᠠᠳ ᠠᠯᠬᠤᠵᠤ ᠪᠠᠢᠭ᠎ᠠ ᠮᠠᠶᠢᠭ ᠨᠢ ᠶᠠᠭ ᠯᠠ ᠪᠯᠠᠮᠤ ᠬᠡᠪ ᠢ᠋ᠶ᠋ᠡᠷ ᠢ᠋ᠶ᠋ᠡᠨ ! 》 ᠭᠡᠵᠦ ᠬᠡᠦᠬᠡᠳ ᠰᠢᠭ ᠬᠥᠭᠰᠡᠨ ᠪᠣᠰᠪᠠ᠃ 
       ᠴᠡᠷᠢᠭ ᠲᠡᠢᠨ᠂ ᠫᠤᠤ ᠵᠡᠪᠰᠡᠭ ᠲᠡᠢ ᠡᠳᠦᠷᠵᠢᠨ ᠨᠣᠴᠣᠯᠳᠤᠭᠰᠠᠨ ᠠᠮᠢᠳᠤᠷᠠᠯ ᠠ᠋ᠴᠠ ᠨᠢᠭᠡᠮᠦᠰᠦᠨ ᠬᠠᠰᠢᠷᠠᠵᠤ ᠣᠷᠭᠤᠵᠤ ᠶᠠᠪᠤᠭᠠᠳ ᠠᠭᠤᠯᠠᠨ ᠳ᠋ᠤ᠌ ᠰᠢᠷᠭᠤᠵᠤ ᠬᠥᠮᠦᠨ ᠠᠮᠢᠲᠠᠨ ᠤ᠋ ᠨᠢᠭᠤᠷ ᠦᠵᠡᠬᠦ ᠡᠴᠡ ᠵᠠᠢᠯᠠᠵᠤ ᠵᠣᠵᠢᠭ ᠪᠣᠯᠤᠭᠰᠠᠨ ᠵᠠᠩᠴᠤᠪ᠂ ᠪᠦᠰᠡᠭᠦᠢ ᠬᠥᠮᠦᠨ ᠦ᠌ ᠪᠠᠷ᠎ᠠ ᠪᠠᠷ ᠲᠡᠷᠡ ᠠᠢᠯ ᠳ᠋ᠤ᠌ ᠱᠠᠯᠠᠪᠬᠠᠨ ᠣᠴᠢᠬᠤ ᠰᠠᠨᠠᠭ᠎ᠠ ᠤᠷᠭᠤᠵᠤ ᠮᠣᠷᠢᠨ ᠤ᠋ ᠵᠢᠯᠣᠭᠣ ᠪᠠᠨ ᠲᠡᠢᠰᠢ ᠵᠠᠯᠠᠪᠠ᠃ ᠠᠭᠠᠷᠤᠤᠯ ᠪᠠᠵᠠᠵᠤ᠂ ᠰᠠᠭᠤᠯᠠᠭ᠎ᠠ ᠳᠡᠭᠦᠵᠢᠯᠡᠭᠰᠡᠨ ᠪᠦᠰᠡᠭᠦᠢ ᠠᠪᠠᠯᠢ ᠡᠬᠡᠨᠡᠷ ᠪᠯᠠᠮᠤ ᠪᠢᠰᠢ ᠴᠦ᠍ ᠪᠣᠯᠤᠭ᠂ ᠲᠡᠷᠡ ᠠᠢᠯ ᠳ᠋ᠤ᠌ ᠣᠷᠣᠵᠤ᠂ ᠠᠢᠯ ᠤᠨ ᠪᠦᠰᠡᠭᠦᠢ ᠶ᠋ᠢᠨ ᠴᠢᠨᠠᠭᠰᠠᠨ ᠴᠠᠢ ᠠ᠋ᠴᠠ ᠣᠭᠣᠴᠢᠯᠠᠨ ᠴᠢᠷᠠᠢ ᠥᠭᠡᠳᠡ ᠨᠢ ᠬᠠᠷᠠᠵᠤ ᠰᠠᠭᠤᠭᠠᠳ ᠨᠢᠳᠦ ᠰᠡᠳᠬᠢᠯ ᠬᠣᠶᠠᠷ ᠢ᠋ᠶ᠋ᠠᠨ ᠠᠭᠱᠠᠨ ᠴᠤ᠌ ᠭᠡᠰᠡᠨ ᠬᠤᠵᠢᠷᠯᠠᠬᠤ ᠳ᠋ᠤ᠌ ᠶᠠᠭᠠᠬᠢᠳᠠᠭ ᠶᠤᠮ ⁈ 
       ᠬᠠᠶᠠᠭ᠎ᠠ ᠳᠥᠭᠥᠬᠦ ᠳ᠋ᠦ᠍ ᠪᠠᠷ᠎ᠠ ᠪᠠᠷ᠎ᠠ ᠪᠠᠨ ᠠᠨᠢᠷᠲᠤᠭᠰᠠᠨ ᠬᠣᠶᠠᠷ ᠮᠣᠷᠢ ᠢᠨᠴᠠᠭᠠᠨ ᠦᠦᠷᠰᠡᠵᠦ ᠠᠮᠤᠷ ᠮᠡᠨᠳᠦᠯᠡᠯᠴᠡᠵᠦ ᠪᠠᠢᠭ᠎ᠠ ᠰᠢᠭ᠋ ᠪᠠᠢᠪᠠ᠃ ᠨᠡᠩ ᠴᠦ᠍ ᠴᠠᠭᠠᠳᠤ ᠪᠤᠷᠭᠠᠰᠤᠨ ᠤ᠋ ᠰᠡᠭᠦᠳᠡᠷ ᠲᠦ᠍ ᠤᠶᠠᠭᠠᠰᠤᠲᠠᠢ ᠬᠠᠷ᠎ᠠ ᠬᠡᠭᠡᠷ ᠮᠣᠷᠢ ᠵᠠᠩᠴᠤᠪ ᠤ᠋ᠨ ᠬᠠᠷ᠎ᠠ ᠦᠷᠢᠶ᠎ᠡ ᠶ᠋ᠢ ᠬᠠᠷᠠᠭᠠᠳ ᠰᠣᠷᠲᠣᠯᠵᠠᠵᠤ ᠳᠠᠩᠭᠢᠨᠠᠲᠠᠯ᠎ᠠ ᠦᠦᠷᠰᠡᠪᠡ᠃ ᠶᠠᠭ ᠯᠠ 《ᠴᠢ ᠴᠢᠨᠢ ᠳᠡ? ᠬᠠᠮᠢᠭᠠᠭᠤᠷ ᠲᠡᠨᠦᠵᠦ ᠶᠠᠪᠤᠭᠠᠳ ᠶᠠᠭᠠᠬᠢᠬᠤ ᠳ᠋ᠠᠭᠠᠨ ᠨᠢᠭᠡ ᠭᠡᠷ ᠦ᠋ᠨ ᠪᠠᠷ᠎ᠠ ᠬᠠᠷᠠᠪᠠ ? ᠪᠯᠠᠮᠤ ᠴᠢᠨᠢ ᠠᠳᠠ ᠯᠠ ᠪᠠᠢᠭ᠎ᠠ ᠁ 》 ᠭᠡᠵᠦ ᠬᠡᠯᠡᠬᠦ ᠰᠢᠤᠬᠡᠨ ᠰᠠᠨᠠᠭᠳᠠᠵᠤ ᠴᠠᠭᠠᠰᠢ ᠶᠠᠪᠤᠪᠠᠯ ᠨᠣᠬᠠᠢ ᠬᠥᠪ ᠬᠥᠪ ᠬᠣᠷᠭᠣᠭᠣᠪᠠ᠃ ᠵᠠᠩᠴᠤᠣᠪ ᠶᠠᠭᠤ ᠴᠤ᠌ ᠭᠡᠰᠡᠨ ᠲᠡᠷᠡ ᠬᠠᠷ᠎ᠠ ᠬᠡᠭᠡᠷ ᠮᠣᠷᠢ ᠶ᠋ᠢ ᠬᠠᠪᠢᠳᠠᠭᠤᠯᠵᠤ ᠬᠠᠷ᠎ᠠ ᠦᠷᠢᠶ᠎ᠡ ᠪᠡᠨ ᠤᠶᠠᠴᠢᠬᠠᠭᠠᠳ᠄ 
       — ᠨᠣᠬᠠᠢ ᠪᠠᠨ ! ᠭᠡᠵᠦ ᠤᠶᠠᠩᠭᠠᠯᠭᠤᠯᠤᠨ ᠳᠠᠭᠤᠳᠠᠪᠠᠯ᠄ 
       —  ᠵᠠ᠂ ᠶᠠᠪᠤ !  ᠶᠠᠪᠤ ! ᠨᠣᠬᠠᠢ ᠤᠶᠠᠭᠠᠲᠠᠢ!  ᠭᠡᠵᠦ ᠳᠤᠤᠭᠠᠷᠬᠤ ᠨᠢ ᠪᠯᠠᠮᠤ ᠶ᠋ᠢᠨ ᠳᠠᠭᠤ ᠳᠠᠩᠴᠤ ᠮᠥᠨ ᠪᠠᠢᠯ᠎ᠠ᠃ ᠠᠷᠪᠠ ᠭᠠᠷᠤᠢ ᠵᠢᠯ ᠡᠨᠡ ᠬᠣᠩᠭᠣᠷ ᠳᠠᠭᠤ ᠶ᠋ᠢ ᠰᠣᠨᠣᠰᠤᠭ᠎ᠠ ᠦᠭᠡᠢ ᠪᠣᠯᠬᠣᠷ ᠥᠨᠥᠳᠥᠷ ᠴᠣᠴᠢᠮᠠᠭ ᠰᠣᠨᠣᠰᠴᠤ ᠪᠠᠶᠠᠷᠯᠠᠭᠰᠠᠨ ᠳ᠋ᠠᠭᠠᠨ ᠤ᠋ ᠵᠢᠷᠦᠬᠡ ᠨᠢ ᠬᠡᠩᠬᠦᠳᠡᠭ ᠢ᠋ᠶ᠋ᠡᠨ ᠳᠡᠯᠡᠳᠴᠦ ᠪᠥᠭ ᠪᠥᠭ ᠯᠤᠭᠰᠢᠨ ᠁ ᠴᠡᠨᠡᠭᠲᠦ ᠵᠡᠪᠰᠡᠭ ᠲᠡᠢ ᠳᠠᠢᠰᠤᠨ ᠤ᠋ ᠡᠮᠦᠨ᠎ᠡ ᠡᠴᠡ ᠬᠡᠯᠮᠡᠭᠲᠡᠨ ᠴᠡᠴᠡᠷᠡᠵᠦ ᠦᠵᠡᠭᠡ ᠦᠭᠡᠢ ᠵᠠᠩᠴᠤᠪ ᠬᠠᠷᠢᠨ ᠬᠠᠢᠷ᠎ᠠ ᠪᠠᠷ ᠢ᠋ᠶ᠋ᠠᠨ ᠭᠡᠵᠢᠭᠡᠳᠡᠵᠦ ᠪᠠᠢᠭᠰᠠᠨ ᠡᠨᠡ ᠪᠦᠰᠡᠭᠦᠢ ᠬᠣᠩᠭᠣᠷ ᠳᠠᠭᠤᠨ ᠳ᠋ᠤ᠌ ᠵᠢᠷᠦᠬᠡ ᠨᠢ ᠪᠤᠯᠭᠢᠯᠠᠨ ᠡᠪᠦᠳᠦᠭ ᠨᠢ ᠤᠨᠲᠠᠷᠠᠨ᠎ᠠ᠃ 
       ᠲᠡᠨᠳᠡ ᠠᠯᠮᠠᠢᠷᠠᠨ ᠵᠣᠭᠰᠣᠭ᠎ᠠ ᠪᠯᠠᠮᠤ ᠪᠠᠨ ᠲᠠᠨᠢᠵᠤ ᠭᠦᠶᠦᠨ ᠵᠠᠪᠳᠤᠮ᠎ᠠ ᠬᠥᠷᠥᠭᠡᠳ ᠣᠴᠢᠬᠤ ᠶᠣᠰᠣᠲᠠᠢ ᠪᠠᠢᠭᠰᠠᠨ ᠭᠡᠬᠦ ᠳ᠋ᠦ᠍ ᠬᠣᠶᠠᠷ ᠡᠪᠦᠳᠦᠭ ᠨᠢ ᠰᠤᠯᠠᠷᠠᠵᠤ ᠲᠤᠰᠢᠶ᠎ᠠ ᠲᠠᠢ ᠲᠡᠮᠡᠭᠡ ᠰᠢᠭ ᠬᠥᠯ ᠨᠢ ᠨᠡᠭᠦᠳᠡᠭ ᠦᠭᠡᠢ ᠬᠥᠰᠢᠭᠦᠨ ᠪᠣᠯᠵᠠᠢ᠃ 
       ᠪᠯᠠᠮᠤ ᠨᠡᠩ ᠴᠦ᠍ ᠪᠡᠯᠪᠠᠷᠠᠬᠠᠢ ᠰᠦᠮ᠎ᠡ ᠶ᠋ᠢᠨ ᠡᠭᠦᠳᠡᠨ ᠳ᠋ᠡᠬᠢ ᠴᠢᠯᠠᠭᠤᠨ ᠬᠥᠮᠦᠨ ᠰᠢᠭ ᠨᠢᠳᠦ ᠨᠢ ᠲᠣᠭᠲᠠᠵᠤ ᠦᠭᠡ ᠳᠠᠭᠤ ᠴᠤ᠌ ᠦᠭᠡᠢ᠂ ᠨᠠᠭᠠᠰᠢ ᠴᠤ᠌ ᠪᠢᠰᠢ ᠴᠠᠭᠠᠰᠢ ᠴᠤ᠌ ᠪᠢᠰᠢ ᠣᠷᠣᠨ ᠳ᠋ᠠᠭᠠᠨ ᠵᠣᠭᠰᠣᠵᠤ ᠪᠠᠢᠯ᠎ᠠ᠃ 
       ᠵᠠᠩᠴᠤᠪ ᠢ᠋ ᠭᠠᠯᠪᠠ ᠶ᠋ᠢᠨ ᠴᠠᠭᠠᠨ᠎ᠠ ᠠ᠋ᠴᠠ ᠭᠠᠵᠠᠷ ᠤ᠋ᠨ ᠠᠩ ᠠ᠋ᠴᠠ ᠭᠠᠷᠤᠭᠠᠳ ᠢᠷᠡᠨ᠎ᠡ ᠭᠡᠰᠡᠨ ᠪᠣᠳᠣᠯ ᠲᠡᠭᠦᠨ ᠤ ᠶᠢᠰᠦᠨ ᠵᠡᠭᠦᠳᠦᠨ ᠳ᠋ᠦ᠍ ᠣᠷᠣᠭ᠎ᠠ ᠦᠭᠡᠢ᠃ ᠥᠨᠥᠳᠥᠷ ᠡᠨᠡ ᠪᠣᠢᠳᠠ ᠪᠥᠭᠯᠡᠭᠦᠦ ᠥᠯᠥᠩᠲᠦ ᠳ᠋ᠦ᠍ ᠨᠠᠮᠠᠶ᠋ᠢ ᠮᠥᠷᠳᠡᠭᠡᠳ ᠢᠷᠡᠳᠡᠭ ᠵᠠᠭᠤᠷᠠᠳᠤ ᠶ᠋ᠢᠨ ᠰᠦᠨᠡᠰᠦ ‍ᠦᠤ? ᠪᠤᠭ ᠴᠢᠳᠬᠥᠷ ‍ᠦᠤ? ᠭᠡᠵᠦ ᠪᠤᠳᠤᠭᠰᠠᠨ ᠪᠯᠠᠮᠤ ᠶ᠋ᠢᠨ ᠳᠣᠲᠣᠷ᠎ᠠ ᠮᠥᠰᠥ ᠵᠠᠯᠭᠢᠭᠰᠠᠨ ᠰᠢᠭ᠋ ᠮᠥᠯᠢᠭᠡᠳ ᠶᠠᠪᠤᠴᠢᠬᠠᠯ᠎ᠠ᠃ 《ᠲᠡᠷᠡ ᠮᠠᠨᠢ ᠳᠠᠢᠰᠤᠨ ᠤ᠋ ᠰᠤᠮᠤᠨ ᠳ᠋ᠤ᠌ ᠭᠡᠨᠡᠳᠡᠭᠰᠡᠨ ᠦᠭᠡᠢ ᠪᠠᠢᠵᠢ ᠳᠠ ? ᠡᠰᠡᠨ ᠮᠡᠨᠳᠦ ᠪᠡᠷ ᠨᠠᠮᠠᠶ᠋ᠢ ᠡᠷᠢᠵᠦ ᠰᠤᠷᠬᠠᠯᠠᠭᠠᠳ ᠢᠷᠡᠵᠡᠢ᠃ ᠨᠠᠳᠠ ᠴᠢᠮᠠᠶ᠋ᠢ ᠲᠣᠰᠴᠤ ᠠᠭᠤᠯᠵᠠᠨ ᠲᠡᠪᠡᠷᠢᠵᠦ ᠬᠠᠢᠷᠠᠯᠠᠬᠤ ᠪᠠᠢᠲᠤᠭᠠᠢ ᠴᠢᠷᠠᠢ ᠥᠭᠡᠳᠡ ᠴᠢᠨᠢ ᠠᠰ ᠬᠠᠷᠠᠬᠤ ᠨᠢᠭᠤᠷ ᠦᠭᠡᠢ ᠠ᠋ ! ᠪᠢ ᠶᠠᠭᠤ ᠭᠡᠵᠦ ᠪᠡᠶ᠎ᠡ ᠪᠡᠨ ᠪᠠᠷᠢᠯ ᠦᠭᠡᠢ ᠥᠭᠡᠷ᠎ᠡ ᠬᠠᠷ᠎ᠠ ᠬᠥᠮᠦᠨ ᠲᠦᠰᠢᠪᠡ ? ᠦᠭᠡᠢ ᠠ᠋! ᠴᠢ ᠨᠠᠮᠠᠶ᠋ᠢ ᠪᠠᠨ ᠬᠠᠶᠠᠵᠤ ᠶᠠᠪᠤᠭᠠᠳ ᠬᠠᠮᠢᠭᠠᠭᠤᠷ ᠲᠡᠨᠦᠵᠦ ᠲᠡᠨᠦᠵᠦ᠂ ᠥᠨᠥᠳᠥᠷ ᠭᠡᠨᠡᠳᠲᠡ ᠭᠠᠷᠤᠭᠠᠳ ᠢᠷᠡᠪᠡ ? ᠦᠬᠦᠭᠡ ᠦᠭᠡᠢ ᠯᠡ ᠪᠠᠢᠭᠰᠠᠨ ᠪᠣᠯ ᠡᠳᠦᠢᠴᠢᠨᠡᠭᠡᠨ ᠵᠢᠯ ᠶᠠᠭᠤ ᠬᠢᠵᠦ ᠪᠠᠢᠪᠠ ? ᠪᠡᠯᠪᠡᠰᠦᠨ ᠥᠷᠥᠭᠡᠰᠦᠨ᠂ ᠬᠡᠦᠬᠡᠳ ᠵᠤᠯᠵᠠᠭ᠎ᠠ ᠪᠠᠨ ᠳᠠᠭᠠᠭᠤᠯᠤᠭᠰᠠᠨ ᠳᠣᠷᠣᠢ ᠪᠠᠭᠤᠷᠠᠢ ᠡᠮ᠎ᠡ ᠬᠥᠮᠦᠨ ᠢ᠋ ᠭᠣᠯᠣᠭᠰᠠᠨ ᠦᠭᠡᠢ᠂ ᠮᠠᠭᠤ ᠦᠵᠡᠭᠰᠡᠨ ᠦᠭᠡᠢ ᠡᠯᠢᠭᠡ ᠪᠦᠲᠦᠨ ᠡᠨᠡᠷᠢᠵᠦ ᠠᠪᠤᠭᠰᠠᠨ ᠰᠠᠢᠨ ᠬᠥᠮᠦᠨ ᠦ᠌ ᠡᠪᠦᠷ ᠲᠦᠰᠢᠭᠰᠡᠨ ᠳ᠋ᠡᠭᠡᠨ ᠥᠨᠥᠳᠥᠷ ᠡᠨᠡ ᠬᠢᠷᠢᠲᠡᠢ ᠠᠢᠯ ᠠᠪᠴᠤ ᠡᠷᠦᠬᠡ ᠣᠩᠭᠣᠢᠯᠭᠠᠵᠤ ᠢᠷᠡᠯ᠎ᠡ᠃ ᠴᠢ ᠬᠡᠷᠪᠡ ᠵᠠᠭᠤᠷᠠᠳᠤ ᠶ᠋ᠢᠨ ᠰᠦᠨᠡᠰᠦ᠂ ᠪᠤᠭ ᠴᠢᠳᠬᠥᠷ ᠢ᠋ᠶ᠋ᠡᠷ ᠮᠢᠨᠦ ᠨᠢᠳᠦᠨ ᠳ᠋ᠦ᠍ ᠦᠵᠡᠭᠳᠡᠭᠰᠡᠨ ᠪᠢᠰᠢ᠂ ᠬᠠᠷᠢᠨ ᠵᠠᠩᠴᠤᠪ ᠪᠤᠲᠠ ᠪᠡᠶ᠎ᠡ ᠪᠡᠷ ᠢ᠋ᠶ᠋ᠡᠨ ᠮᠥᠨ ᠪᠣᠯ ᠠᠩᠴᠢᠨᠵᠡᠪ ᠢ᠋ ᠭᠠᠳᠠᠭᠤᠷᠴᠢᠯᠠᠵᠤ ᠪᠣᠯᠬᠤ ᠦᠭᠡᠢ ᠁ ᠡᠷ᠎ᠡ ᠴᠡᠭᠡᠵᠢᠨ ᠳ᠋ᠡᠭᠡᠨ ᠪᠠᠭᠲᠠᠭᠠᠬᠤ ᠶ᠋ᠢ ᠭᠤᠶᠤᠶ᠎ᠠ ᠳᠠ᠂ ᠴᠢᠮᠠᠶ᠋ᠢ ᠪᠠᠨ ᠁ 》 ᠭᠡᠵᠦ ᠵᠠᠩᠴᠤᠪ ᠢ᠋ ᠶᠠᠭᠠᠬᠢᠬᠤ ᠠᠷᠭ᠎ᠠ ᠦᠭᠡᠢ ᠲᠠᠨᠢᠴᠢᠬᠠᠭᠰᠠᠨ ᠪᠠᠢᠲᠠᠯ᠎ᠠ ᠰᠠᠵᠢᠭᠲᠡᠢ ᠨᠢᠳᠦ ᠪᠡᠷ ᠬᠠᠷᠠᠵᠤ ᠤᠭᠲᠤᠵᠤ ᠣᠴᠢᠬᠤ ᠵᠣᠷᠢᠭ ᠦᠭᠡᠢ ᠴᠢᠯᠠᠭᠤᠨ ᠬᠥᠮᠦᠨ ᠰᠢᠭ ᠲᠦᠩᠰᠦᠢᠨ᠎ᠡ᠃ 
       ᠣᠳᠣ ᠁ ᠬᠡᠷᠡᠭᠰᠡᠨ ᠪᠤᠬ᠎ᠠ ᠰᠢᠭ᠋ ᠬᠣᠶᠠᠷ ᠡᠷ᠎ᠡ ᠶ᠋ᠢᠨ ᠳᠤᠮᠳᠠ ᠬᠠᠪᠴᠢᠭᠳᠠᠵᠤ᠂ ᠬᠣᠵᠢᠮ ᠶᠠᠭᠠᠬᠢᠵᠤ ᠠᠮᠢᠳᠤᠷᠠᠬᠤ ᠪᠠᠨ ᠪᠤᠳᠣᠬᠤ ᠠ᠋ᠴᠠ ᠬᠠᠯᠠᠰᠢᠷᠠᠨ 《ᠠᠩᠴᠢᠨᠵᠠᠪ ᠬᠠᠷᠢᠵᠤ ᠢᠷᠡᠪᠡᠯ᠂ ᠵᠠᠩᠴᠤᠪ ᠢ᠋ ᠪᠤᠬ᠎ᠠ ᠬᠠᠷ᠎ᠠ ᠴᠢᠳᠠᠯ ᠢ᠋ᠶ᠋ᠠᠷ ᠢ᠋ᠶ᠋ᠠᠨ ᠦᠭᠡᠢ ᠬᠢᠴᠢᠬᠡᠬᠦ ᠦᠭᠡᠢ ᠪᠢᠵᠡ ? ᠦᠭᠡᠢ ᠠ᠋᠂ ᠵᠠᠩᠴᠤᠪ ᠠᠭᠤᠷ ᠠᠲᠠᠭᠠᠨ ᠳ᠋ᠠᠭᠠᠨ ᠰᠢᠲᠠᠵᠤ ᠠᠩᠴᠢᠨᠵᠠᠪ ᠢ᠋ ᠠᠷᠠᠢ ᠫᠤᠤᠳᠠᠴᠢᠬᠠᠬᠤ ᠦᠭᠡᠢ ᠯᠡ ᠪᠠᠢᠯᠭᠦᠢ ! ᠲᠡᠭᠡᠪᠡᠯ ᠴᠦ᠍ ᠬᠠᠷᠠᠯᠠᠭᠰᠠᠨ ᠰᠤᠳᠬᠠᠨ ! ᠪᠢ ᠴᠦ᠍ ᠳᠠᠭᠠᠭᠠᠳ ᠦᠬᠦᠬᠦ ᠡᠴᠡ ᠣᠨᠳᠣᠣ ᠵᠠᠮ ᠦᠭᠡᠢ ᠁ ᠲᠡᠮᠤᠷᠰᠦ᠋ᠭᠡ᠂ ᠭᠠᠩᠰᠦ᠋ᠭᠡ ᠬᠣᠶᠠᠷ ᠪᠠᠰᠠ ᠠᠭᠤᠯᠠᠭᠦᠦ ᠮᠢᠨᠢ ᠁ 》 ᠭᠡᠵᠦ ᠪᠯᠠᠮᠤ ᠲᠤᠯᠭᠠᠷᠠᠵᠤ ᠢᠷᠡᠬᠦ ᠠᠮᠢᠳᠤᠷᠠᠯ ᠤ᠋ᠨ ᠵᠠᠶᠠᠭᠠᠨ ᠤ᠋ ᠪᠠᠨ ᠠᠵᠠ ᠦᠭᠡᠢ ᠤᠴᠠᠷᠠᠯ ᠳ᠋ᠤ᠌ ᠰᠠᠮᠭᠠᠷᠳᠠᠨ᠎ᠠ᠃ 
       ᠬᠡᠴᠢᠨᠡᠭᠡᠨ ᠵᠢᠯ ᠠᠪᠠᠯᠢ ᠡᠷ᠎ᠡ ᠪᠡᠨ ᠦᠭᠡᠢᠯᠡᠨ ᠰᠠᠨᠠᠭᠰᠠᠭᠠᠷ ᠪᠠᠢᠵᠤ 《ᠦᠬᠦᠭᠰᠡᠨ》 ᠭᠡᠬᠦ ᠠᠵᠠ ᠮᠠᠭᠤᠲᠠᠢ ᠰᠣᠨᠣᠰᠬᠠᠯ ᠢ᠋ᠶ᠋ᠠᠷ ᠪᠣᠳᠣᠯ ᠮᠣᠬᠣᠭᠰᠠᠨ ᠪᠯᠠᠮᠤ ᠶ᠋ᠢᠨ ᠡᠮᠦᠨ᠎ᠡ ᠵᠠᠩᠴᠤᠪ ᠡᠰᠡᠨ ᠮᠡᠨᠳᠦ ᠬᠦᠷᠦᠭᠡᠳ ᠢᠷᠡᠬᠦᠯᠡᠷ ᠲᠡᠭᠦᠨ ᠢ᠋ ᠬᠠᠷᠠᠳᠠᠨ ᠪᠤᠷᠤᠭᠤᠳᠬᠠᠵᠤ ᠴᠢᠳᠠᠬᠤ ᠦᠭᠡᠢ ᠬᠠᠷᠢᠨ ᠡᠷᠬᠡ ᠦᠭᠡᠢ ᠡᠨᠡᠷᠢᠨ ᠬᠠᠢᠷᠠᠯᠠᠬᠤ ᠰᠡᠳᠬᠢᠯ ᠳ᠋ᠦ᠍ ᠤᠨᠠᠵᠤ᠂ ᠥᠪᠡᠷ ᠢ᠋ ᠪᠡᠨ ᠪᠤᠷᠤᠭᠤᠳᠬᠠᠨ ᠵᠢᠮᠡᠯᠡᠵᠦ ᠴᠦ᠍ ᠦᠵᠡᠪᠡ᠂ ᠥᠮᠥᠭᠯᠡᠨ ᠵᠥᠪᠲᠦᠭᠡᠵᠦ ᠴᠦ᠍ ᠦᠵᠡᠪᠡ᠃ ᠲᠡᠭᠡᠬᠦ ᠡᠴᠡ ᠭᠠᠭᠴᠠ 《ᠠᠩᠴᠢᠨᠵᠡᠪ ᠢ᠋ ᠪᠠᠭᠲᠠᠭᠠᠵᠤ ᠶᠠᠪᠤᠭᠠᠷᠠᠢ ! ᠴᠢ ᠮᠢᠨᠢ ! 》 ᠭᠡᠵᠦ ᠳᠦᠳᠦᠨᠡᠪᠡ ᠁ 
      《ᠲᠦᠰᠢᠭᠲᠡᠢ ᠬᠠᠷ᠎ᠠ ᠬᠥᠮᠦᠨ ᠲᠦᠰᠢᠭᠰᠡᠨ》 ᠭᠡᠵᠦ ᠮᠡᠷᠭᠡᠯᠡᠭᠰᠡᠨ ᠮᠡᠷᠭᠡᠨ ᠴᠠᠭᠠᠨ ᠯᠠᠮᠠᠬᠠᠢ ᠶ᠋ᠢᠨ ᠲᠥᠯᠭᠡ ᠶ᠋ᠢ ᠰᠠᠨᠠᠵᠤ ᠵᠠᠩᠴᠤᠪ ᠳᠣᠲᠣᠷ᠎ᠠ ᠪᠠᠨ 《ᠶᠠᠮᠠᠷᠬᠠᠨ ᠡᠴᠢᠭᠡ ᠶ᠋ᠢᠨ ᠬᠦᠦ ᠦᠬᠡᠷ ᠵᠢᠷᠦᠬᠡᠯᠡᠵᠦ ᠠᠶᠤᠮᠰᠢᠭ ᠦᠭᠡᠢ ᠡᠨᠡ ᠡᠴᠢᠭᠡ ᠶ᠋ᠢᠨ ᠢ᠋ᠶ᠋ᠡᠨ ᠭᠠᠨᠵᠤᠭ᠎ᠠ ᠶ᠋ᠢ ᠪᠠᠭᠤᠯᠭᠠᠳᠠᠭ ᠪᠠᠢᠨ᠎ᠠ? 》 ᠭᠡᠵᠦ ᠬᠣᠷᠣ ᠰᠠᠨᠠᠬᠤ ᠳ᠋ᠠᠭᠠᠨ ᠳᠣᠯᠢᠶᠠᠪᠤᠷ ᠬᠤᠷᠤᠭᠤ ᠨᠢ ᠡᠭᠦᠷᠦᠭᠰᠡᠨ ᠫᠤᠤ ᠶ᠋ᠢᠨ ᠢ᠋ᠶ᠋ᠡᠨ ᠵᠠᠮᠤᠭ ᠢ᠋ ᠡᠷᠬᠡ ᠦᠭᠡᠢ ᠲᠡᠮᠲᠡᠷᠢᠵᠦ ᠠᠪᠤᠭᠰᠠᠨ ᠢ᠋ᠶ᠋ᠠᠨ 《ᠪᠤᠯᠠᠢᠲᠠᠢ ᠶᠤᠮ ᠠ᠋ ! ᠪᠣᠯᠢᠶ᠎ᠠ! ᠢᠩᠭᠢᠪᠡᠯ ᠬᠠᠷᠢᠨ ᠪᠢ ᠡᠷ᠎ᠡ ᠬᠥᠮᠦᠨ ᠪᠢᠰᠢ ᠪᠣᠯᠬᠤ᠂ ᠰᠤᠪᠠᠢ ᠡᠮ᠎ᠡ ᠶ᠋ᠢᠨ ᠠᠯᠠᠨ ᠠ᠋ᠴᠠ ᠠᠳᠢᠰ ᠠᠪᠤᠭᠰᠠᠨ ᠯᠠᠮᠠ ᠶ᠋ᠢᠨ ᠬᠦᠦ ᠪᠣᠯᠤᠨ᠎ᠠ᠃ ᠨᠠᠮᠠᠶ᠋ᠢ ᠪᠠᠨ ᠦᠬᠦᠴᠢᠬᠡᠯ᠎ᠡ ᠭᠡᠰᠡᠨ ᠴᠤᠤ ᠶ᠋ᠢᠨ ᠭᠠᠢ ᠪᠠᠷ ᠪᠯᠠᠮᠤ ᠮᠢᠨᠢ ᠡᠨᠡ ᠠᠷᠪᠠᠭᠠᠳ ᠵᠢᠯ ᠬᠡᠦᠬᠡᠳ ᠵᠤᠯᠵᠠᠭ᠎ᠠ ᠲᠠᠢ ᠪᠠᠨ ᠡᠪᠡᠳᠴᠢᠨ ᠲᠡᠢ ᠠᠪᠤ ᠪᠠᠨ ᠰᠤᠨᠳᠠᠯᠠᠵᠤ ᠳᠡᠭᠦᠷᠦᠭᠡᠳ ᠠᠮᠢᠳᠤᠷᠠᠯ ᠤ᠋ᠨ ᠭᠠᠰᠢᠭᠤᠨ ᠬᠠᠷᠭᠤᠢ ᠪᠠᠷ ᠶᠠᠭᠠᠬᠢᠵᠤ ᠲᠡᠯᠴᠢᠯᠡᠵᠦ ᠶᠠᠪᠤᠭᠰᠠᠨ ᠪᠣᠯ ᠳᠠ ! ᠠᠮᠢᠳᠤᠷᠠᠬᠤ ᠶ᠋ᠢᠨ ᠬᠠᠲᠠᠭᠤ ᠬᠠᠤᠯᠢ ᠪᠠᠷ ᠲᠦᠰᠢᠭᠲᠠᠢ ᠬᠥᠮᠦᠨ ᠲᠦᠰᠢᠨ ᠭᠣᠯᠣᠮᠲᠠ ᠪᠠᠨ ᠪᠤᠰᠬᠠᠵᠤ ᠶᠠᠪᠤᠭᠰᠠᠨ ᠢ᠋ ᠴᠢᠨᠢ ᠪᠤᠷᠤᠭᠤ ᠭᠡᠬᠦ ᠠᠷᠭ᠎ᠠ ᠦᠭᠡᠢ ! ᠨᠠᠳᠠ ᠴᠢᠮᠠᠶ᠋ᠢ ᠪᠠᠨ ᠪᠤᠷᠤᠭᠤᠳᠬᠠᠬᠤ ᠡᠷᠬᠡ ᠪᠠᠢᠬᠤ ᠦᠭᠡᠢ᠃ ᠥᠪᠡᠷ ᠲᠡᠭᠡᠨ ᠴᠦ᠍ ᠱᠣᠢᠱᠣᠭ ᠬᠡᠦᠬᠡᠨ ᠲᠡᠪᠡᠷᠢᠵᠦ ᠳᠠᠩᠬᠠᠢᠷᠬᠠᠭᠰᠠᠨ ᠦᠯᠢᠭᠡᠷ ᠲᠡᠢ ᠳ᠋ᠡᠭᠡᠨ ᠪᠢ ᠪᠯᠠᠮᠤ ᠪᠠᠨ ᠪᠤᠷᠤᠭᠤᠳᠬᠠᠵᠤ ᠪᠣᠯᠬᠤ ᠦᠭᠡᠢ ᠳᠡ ! 》 ᠭᠡᠵᠦ ᠣᠯᠠᠨ ᠲᠠᠪᠤᠨ ᠶᠠᠭᠤᠮ᠎ᠠ ᠪᠣᠳᠣᠨ ᠪᠣᠷᠣ ᠭᠡᠷ ᠦ᠋ᠨ ᠬᠢᠨᠢ ᠬᠠᠲᠠᠪᠴᠢ ᠶ᠋ᠢ ᠠᠯᠬᠤᠶ᠎ᠠ ᠭᠡᠵᠦ ᠵᠢᠳᠭᠦᠯ᠎ᠡ᠃ 
       ᠠᠷᠪᠠᠭᠠᠳᠬᠠᠨ ᠠᠯᠬᠤᠮ ᠵᠠᠢᠲᠠᠢ ᠡᠨᠡ ᠣᠩᠭᠣᠢᠭ᠎ᠠ ᠪᠯᠠᠮᠤ ᠶ᠋ᠢᠨ ᠭᠡᠬᠦ ᠪᠣᠷᠣ ᠭᠡᠷ ᠦ᠋ᠨ ᠪᠣᠭᠣᠨᠢ ᠬᠠᠲᠠᠪᠴᠢ ᠶ᠋ᠢ ᠪᠠᠷᠤᠭ ᠠᠷᠪᠠᠭᠠᠳ ᠵᠢᠯ ᠦ᠋ᠨ ᠵᠠᠢ ᠪᠠᠷ ᠤᠳᠠᠭᠠᠨ ᠶᠠᠪᠤᠭᠰᠠᠨ ᠰᠢᠭ᠋ ᠰᠠᠨᠠᠭᠳᠠᠨ᠂ ᠶᠠᠭᠠᠬᠢᠵᠤ ᠪᠯᠠᠮᠤ ᠲᠠᠢ ᠮᠡᠨᠳᠦ ᠪᠠᠷᠢᠵᠤ ᠭᠡᠷ ᠲᠦ᠋ᠨᠢ ᠣᠷᠣᠭᠰᠠᠨ ᠢ᠋ᠶ᠋ᠠᠨ ᠴᠤ᠌ ᠮᠡᠳᠡᠭᠰᠡᠨ ᠦᠭᠡᠢ᠃ ᠨᠢᠭᠡ ᠮᠡᠳᠡᠬᠦ ᠳ᠋ᠦ᠍ ᠬᠠᠨᠵᠤᠨ ᠤ᠋ ᠬᠢᠨᠢ ᠬᠣᠢᠮᠣᠷ ᠵᠠᠪᠳᠤᠭᠤ ᠵᠠᠪᠢᠯᠠᠵᠤ ᠰᠠᠭᠤᠭᠠᠳ ᠪᠯᠠᠮᠤ ᠶ᠋ᠢᠨ ᠠᠶᠠᠭᠠᠯᠠᠭᠰᠠᠨ ᠴᠠᠢ ᠠ᠋ᠴᠠ ᠭᠡᠷ ᠦ᠋ᠨ ᠡᠵᠡᠨ ᠬᠥᠮᠦᠨ ᠰᠢᠭ ᠣᠭᠣᠴᠢᠯᠠᠵᠤ ᠪᠠᠢᠯ᠎ᠠ᠃ 
       ᠪᠣᠷᠣ ᠭᠡᠷ ᠦ᠋ᠨ ᠢ᠋ᠶ᠋ᠡᠨ ᠬᠣᠢᠲᠤ ᠬᠢᠷ᠎ᠠ ᠳ᠋ᠤ᠌ ᠵᠡᠷᠯᠢᠭ ᠮᠥᠭᠥ ᠲᠡᠭᠦᠵᠦ ᠠᠭᠰᠠᠨ ᠠᠭᠤᠯᠠᠭᠦᠦ ᠮᠣᠷᠢᠲᠠᠢ ᠬᠥᠮᠦᠨ ᠤᠶᠠᠭᠠᠨ ᠳᠡᠭᠡᠷ᠎ᠡ ᠪᠠᠭᠤᠬᠤ ᠶ᠋ᠢ ᠬᠠᠷᠠᠭᠠᠳ ᠡᠴᠢᠭᠡ ᠪᠡᠨ ᠢᠷᠡᠯ᠎ᠡ ᠭᠡᠵᠦ ᠪᠣᠳᠣᠨ ᠳᠤᠲᠠᠭᠤ ᠲᠡᠭᠦᠭᠰᠡᠨ ᠮᠥᠭᠥ ᠪᠡᠨ ᠬᠣᠷᠮᠣᠢᠯᠠᠵᠤ ᠭᠡᠷ ᠵᠦᠭ ᠢ᠋ᠶ᠋ᠡᠨ ᠭᠦᠶᠣᠪᠠ᠃ ᠤᠶᠠᠭᠠᠨ ᠳᠡᠭᠡᠷᠡᠬᠢ ᠰᠢᠩᠭᠡᠨ ᠳᠡᠯ ᠲᠡᠢ ᠬᠠᠷ᠎ᠠ ᠦᠷᠢᠶ᠎ᠡ ᠶ᠋ᠢᠨ ᠡᠮᠡᠭᠡᠯ ᠲᠣᠨᠣᠭ ᠢ᠋ ᠬᠠᠷᠠᠭᠰᠠᠨ ᠢ᠋ᠶ᠋ᠠᠨ ᠡᠨᠡ ᠢᠷᠡᠭᠰᠡᠨ ᠬᠥᠮᠦᠨ ᠡᠴᠢᠭᠡ ᠨᠢ ᠪᠢᠰᠢ ᠭᠡᠳᠡᠭ ᠢ᠋ ᠭᠠᠳᠠᠷᠯᠠᠭᠰᠠᠨ ᠪᠣᠯᠪᠠᠴᠤ ᠲᠡᠷᠡ ᠡᠴᠢᠭᠡ ᠶ᠋ᠢᠨ ᠢ᠋ᠶ᠋ᠡᠨ ᠨᠢᠭᠡ ᠮᠡᠳᠡᠬᠦ ᠳ᠋ᠦ᠍ ᠪᠠᠷ᠎ᠠ ᠰᠤᠷᠠᠭ ᠨᠢ ᠲᠠᠰᠤᠷᠠᠴᠢᠬᠠᠭᠰᠠᠨ ᠪᠠᠢᠳᠠᠭ᠂ ᠳᠠᠬᠢᠭᠠᠳ ᠬᠠᠷᠠᠬᠤ ᠳ᠋ᠤ᠌ ᠬᠣᠢᠮᠣᠷ ᠲᠠᠭᠠᠨ ᠴᠠᠢ ᠣᠭᠣᠴᠢᠯᠠᠵᠤ ᠰᠠᠭᠤᠵᠤ ᠪᠠᠢᠳᠠᠭ᠂ ᠵᠢᠭᠦᠷᠲᠡᠨ ᠰᠢᠪᠠᠭᠤ ᠰᠢᠭ᠋ ᠢᠷᠡᠵᠦ ᠣᠴᠢᠬᠤ ᠨᠢ ᠲᠣᠮᠵᠢᠶ᠎ᠠ ᠦᠭᠡᠢ ᠳ᠋ᠦ᠍ᠨᠢ ᠨᠢᠭᠡᠨᠲᠡ ᠳᠠᠳᠤᠭᠰᠠᠨ ᠤᠴᠢᠷ ᠡᠡᠴᠠ ᠡᠨᠡ ᠬᠠᠷ᠎ᠠ ᠦᠷᠢᠶ᠎ᠡ ᠤᠨᠤᠵᠤ ᠢᠷᠡᠭᠰᠡᠨ ᠬᠥᠮᠦᠨ ᠢ᠋ 《ᠡᠴᠢᠭᠡ ᠪᠡᠨ ᠮᠥᠨ ᠪᠠᠢᠭᠠᠰᠠᠢ᠃ 》 ᠭᠡᠵᠦ ᠬᠦᠰᠡᠨ ᠭᠡᠷ ᠲᠦ᠍ ᠣᠷᠣᠪᠠ᠃ 
       ᠭᠡᠷ ᠲᠦ᠍ ᠣᠷᠣᠪᠠᠯ ᠡᠨᠡ ᠢᠷᠡᠭᠰᠡᠨ ᠭᠡᠢᠴᠢᠨ ᠡᠬᠡ ᠲᠡᠢ ᠨᠢ ᠭᠡᠷᠡᠯᠲᠦᠭᠰᠡᠨ ᠰᠢᠭ ᠦᠭᠡ ᠦᠭᠡᠢ ᠨᠢᠭᠡ ᠯᠡ ᠳᠦᠩᠰᠦᠭᠡᠷ ᠪᠠᠢᠯ᠎ᠠ᠃ ᠡᠬᠡ ᠨᠢ ᠤᠬᠢᠯᠠᠭᠰᠠᠨ ᠪᠣᠯᠤᠯᠲᠠᠢ ᠨᠢᠳᠦ ᠨᠢ ᠤᠯᠠᠭᠠᠨ ᠰᠤᠳᠠᠯ ᠬᠠᠷᠪᠤᠵᠤ ᠬᠠᠪᠤᠳᠤᠭᠰᠠᠨ ᠢ᠋ ᠬᠠᠷᠠᠵᠤ ᠠᠮᠵᠢᠭᠰᠠᠨ ᠠᠭᠤᠯᠠᠨᠭᠦᠦ ᠶ᠋ᠢᠨ ᠰᠢᠷᠦᠭᠦᠨ ᠬᠠᠷᠠᠴᠠ 《ᠡᠨᠡ ᠶᠠᠭᠤᠨ ᠤ᠋ ᠬᠥᠮᠦᠨ ᠪᠣᠢ? ᠲᠠᠨ ᠢ᠋ ᠮᠠᠭᠤ ᠦᠵᠡᠭᠡ ᠤᠤ ? 》 ᠭᠡᠰᠡᠨ ᠰᠢᠭ ᠪᠣᠯᠬᠤ ᠶ᠋ᠢ ᠪᠯᠠᠮᠤ ᠦᠵᠡᠵᠦ ᠭᠠᠷᠤᠨ ᠰᠠᠨᠳᠤᠷᠴᠤ᠄ 
       — ᠠᠭᠤᠯᠠᠨᠭᠦᠦ ᠠ᠋! ᠡᠨᠡ ᠠᠪᠠᠭ᠎ᠠ ᠲᠠᠢ ᠪᠠᠨ ᠁ ᠭᠡᠵᠦ ᠨᠢᠯᠪᠤᠰᠤ ᠪᠠᠨ ᠠᠷᠴᠢᠩᠭᠠᠨ ᠬᠡᠯᠡᠭᠰᠡᠨ ᠢ᠋ ᠠᠭᠤᠯᠠᠨᠭᠦᠦ ᠣᠢᠯᠠᠭᠠᠵᠤ᠄ 
       — ᠠᠪᠠᠭ᠎ᠠ ᠲᠠ ᠰᠠᠢᠨ ᠤᠤ ? ᠭᠡᠵᠦ ᠮᠡᠨᠳᠦ ᠪᠠᠷᠢᠪᠠ᠃ 
       — ᠵᠠ᠂ ᠰᠠᠢᠨ ! 
       ᠠᠭᠤᠯᠠᠨᠭᠦᠦ ᠡᠨᠡ ᠲᠠᠨᠢᠯ ᠪᠤᠰᠤ ᠭᠡᠢᠴᠢᠨ ᠲᠡᠢ ᠳᠥᠬᠥᠮᠬᠡᠨ ᠠᠮᠤᠷ ᠮᠡᠳᠡᠴᠢᠬᠡᠭᠡᠳ ᠭᠠᠳᠠᠭ᠎ᠠ ᠲᠤᠯᠭᠠᠨ ᠤ᠋ ᠠᠮᠠᠨ ᠳ᠋ᠤ᠌ ᠣᠴᠣᠢᠵᠤ ᠰᠠᠭᠤᠭᠠᠳ ᠭᠠᠯ ᠳ᠋ᠤ᠌ ᠮᠥᠭᠥ ᠰᠢᠷᠠᠪᠠ᠃ ᠠᠭᠤᠯᠠᠨᠭᠦᠦ ᠶ᠋ᠢᠨ ᠡᠴᠢᠭᠡ ᠨᠢ ᠰᠢᠷᠬᠠᠰᠠᠨ ᠮᠥᠭᠥ ᠳ᠋ᠦ᠍ ᠵᠢᠭᠲᠡᠢ ᠳᠤᠷᠠᠲᠠᠢ᠃ ᠪᠣᠷᠣᠭᠠᠨ ᠤ᠋ ᠳᠠᠷᠠᠭ᠎ᠠ ᠵᠡᠷᠯᠢᠭ ᠮᠥᠭᠥ ᠴᠤᠬᠤᠢᠭᠰᠠᠭᠠᠷ ᠶᠠᠪᠤᠵᠤ ᠲᠡᠭᠦᠵᠦ ᠢᠷᠡᠨ ᠭᠣᠣᠯ ᠢ᠋ ᠨᠢ ᠮᠤᠰᠬᠢᠵᠦ ᠬᠣᠩᠬᠣᠷ ᠲᠤᠨᠢ ᠴᠢᠮᠬᠢ ᠳᠠᠪᠤᠰᠤ᠂ ᠬᠠᠯᠪᠠᠭ᠎ᠠ ᠥᠷᠥᠮ᠎ᠡ ᠪᠤᠶᠤ ᠰᠢᠷ᠎ᠠ ᠲᠣᠰᠣ ᠬᠢᠵᠦ ᠭᠠᠯ ᠳ᠋ᠤ᠌ ᠰᠢᠷᠠᠭᠠᠳ ᠢᠳᠡᠬᠦ ᠶ᠋ᠢᠨ ᠠᠮᠲᠠ ᠶ᠋ᠢ ᠬᠡᠯᠡᠪᠡᠯ ᠴᠢᠬᠢ ᠣᠭᠲᠣᠯᠪᠠᠴᠤ ᠡᠪᠡᠳᠬᠦ ᠶ᠋ᠢ ᠮᠡᠳᠡᠳᠡᠭ ᠦᠭᠡᠢ ᠶ᠋ᠢ ᠶᠠᠭᠠᠬᠢᠨ᠎ᠠ ! ᠠᠭᠤᠯᠠᠨᠭᠦᠦ᠂ ᠭᠡᠷ ᠦ᠋ᠨ ᠪᠠᠷ᠎ᠠ ᠬᠠᠷᠠᠭᠰᠠᠨ ᠦᠭᠡᠢ ᠤᠳᠠᠭᠰᠠᠨ ᠡᠴᠢᠭᠡ ᠪᠡᠨ ᠢᠷᠡᠯ᠎ᠡ ᠭᠡᠵᠦ ᠪᠣᠳᠣᠨ 《ᠰᠢᠷᠠᠭᠰᠠᠨ ᠮᠥᠭᠥ ᠢᠳᠡᠭᠦᠯᠦᠶ᠎ᠡ ! 》 ᠭᠡᠵᠦ ᠢᠷᠡᠭᠰᠡᠨ ᠨᠢ ᠪᠠᠢᠳᠠᠭ ᠦᠭᠡᠢ᠃ ᠤᠯᠠᠢᠭᠰᠠᠨ ᠭᠠᠯ ᠤ᠋ᠨ ᠴᠣᠭ ᠲᠤ᠌ ᠠᠲᠤᠷᠢᠯᠳᠤᠨ ᠰᠢᠷᠠᠭᠳᠠᠭᠰᠠᠨ ᠮᠥᠭᠥ ᠶ᠋ᠢᠨ ᠬᠣᠩᠬᠣᠷ ᠲᠤ᠌ ᠲᠣᠰᠣ ᠪᠤᠴᠠᠯᠤᠨ ᠱᠠᠷᠵᠢᠭᠢᠨᠠᠵᠤ ᠬᠣᠪᠳᠣᠭ ᠬᠥᠳᠡᠯᠭᠡᠮ᠎ᠡ ᠰᠠᠢᠬᠠᠨ ᠦᠨᠦᠷ ᠬᠠᠮᠠᠷ ᠴᠣᠷᠭᠢᠨ᠎ᠠ᠃ ᠠᠭᠤᠯᠠᠨᠭᠦᠦ ᠰᠢᠷᠬᠠᠭᠰᠠᠨ ᠮᠥᠭᠥ ᠪᠡᠨ ᠡᠬᠡ ᠳ᠋ᠡᠭᠡᠨ ᠥᠭᠬᠦ ᠳ᠋ᠦ᠍ ᠪᠯᠠᠮᠤ᠄ 
       — ᠮᠢᠨᠦ ᠬᠦᠦ ᠠ᠋᠃ ᠡᠢᠰᠢ ᠪᠡᠨ ᠡᠨᠡ ᠠᠪᠠᠭ᠎ᠠ ᠳ᠋ᠠᠭᠠᠨ ᠦᠭᠭᠦᠭᠡᠴᠢ ᠭᠡᠬᠦ ᠳ᠋ᠦ᠍ ᠠᠭᠤᠯᠠᠨᠭᠦᠦ ᠠᠩᠬᠠᠨ ᠤ᠋ ᠰᠢᠷᠬᠠᠰᠠᠨ ᠮᠥᠭᠥ ᠪᠡᠨ ᠡᠨᠡ ᠲᠠᠨᠢᠯ ᠪᠤᠰᠤ 《ᠠᠪᠠᠭ᠎ᠠ》 ᠳ᠋ᠠᠭᠠᠨ ᠥᠭᠭᠦᠭᠡᠳ ᠭᠠᠷᠴᠤ ᠶᠠᠪᠤᠪᠠ᠃ ᠰᠢᠷᠠᠭᠰᠠᠨ ᠵᠡᠷᠯᠢᠭ ᠮᠥᠭᠥ ᠪᠠᠰᠠ ᠠᠮᠲᠠᠲᠠᠢ ᠰᠢᠦ! ᠢᠳᠡᠭᠡᠴᠢ᠂ ᠶᠠᠭᠠᠬᠢᠬᠤ ᠪᠣᠢ ᠦᠯᠪᠡᠷᠦᠭᠰᠡᠨ ᠬᠥᠮᠦᠨ ᠳ᠋ᠦ᠍ ᠥᠯ ᠪᠣᠯᠳᠠᠭ ᠭᠡᠵᠦ ᠪᠯᠠᠮᠤ ᠵᠠᠩᠴᠤᠪ ᠤ᠋ᠨ ᠴᠢᠬᠢ ᠤᠷᠤᠭᠤ ᠦᠨᠡᠷᠬᠡᠭᠰᠡᠨ ᠦᠭᠡ ᠰᠢᠷᠭᠤᠭᠤᠯᠪᠠ᠃ 
      《ᠵᠡᠷᠯᠢᠭ ᠮᠥᠭᠥ ᠪᠠᠰᠠ ᠠᠮᠲᠠᠲᠠᠢ ᠰᠢᠦ! ᠶᠠᠭᠠᠬᠢᠬᠤ ᠪᠣᠢ ᠦᠯᠪᠡᠷᠦᠭᠰᠡᠨ ᠬᠥᠮᠦᠨ ᠳ᠋ᠦ᠍ ᠥᠯ ᠪᠣᠯᠳᠠᠭ》 ᠭᠡᠵᠦ ᠨᠤᠬᠤᠴᠠᠲᠠᠢ ᠬᠡᠯᠡᠭᠰᠡᠨ ᠦᠭᠡ ᠶ᠋ᠢᠨ ᠳᠠᠯᠳᠠ 《ᠥᠨᠥᠴᠢᠨ ᠪᠡᠯᠪᠡᠰᠦᠨ ᠶᠠᠪᠤᠭᠰᠠᠨ ᠪᠢ ᠶᠠᠭᠠᠬᠢᠬᠤ ᠪᠣᠢ? ᠠᠷᠭ᠎ᠠ ᠦᠭᠡᠢ᠃ ᠦᠬᠦᠳᠡᠭ ᠦᠭᠡᠢ ᠠᠲᠠᠯ᠎ᠠ ᠪᠠᠨ ᠴᠢ ᠭᠡᠷ ᠦ᠋ᠨ ᠪᠠᠷ᠎ᠠ ᠬᠠᠷᠠᠳᠠᠭ ᠦᠭᠡᠢ ᠁ ᠡᠳᠦᠢᠴᠢᠨᠡᠭᠡᠨ ᠵᠢᠯ ᠢ᠋ᠶ᠋ᠡᠷ ᠶᠠᠭᠤ ᠬᠢᠵᠦ ᠬᠠᠮᠢᠭᠠᠭᠤᠷ ᠶᠠᠪᠤᠪᠠ? 》 ᠭᠡᠰᠡᠨ ᠰᠠᠨᠠᠭ᠎ᠠ ᠴᠤᠬᠤᠯᠵᠠᠨ᠂ ᠡᠷ᠎ᠡ ᠬᠥᠮᠦᠨ ᠡᠮ᠎ᠡ ᠶ᠋ᠢᠨ ᠦᠨᠦᠷ ᠢ᠋ᠶ᠋ᠡᠷ ᠭᠠᠴᠢᠯᠠᠩ ᠢ᠋ᠶ᠋ᠠᠨ ᠬᠣᠷᠢᠵᠤ ᠳᠡᠢᠯᠳᠡᠭ ᠦᠭᠡᠢ ᠡᠮᠵᠡᠭ ᠲᠡᠢ ᠶ᠋ᠢ ᠮᠡᠳᠡᠳᠡᠭ ᠲᠡᠭᠡᠨ ᠪᠯᠠᠮᠤ ᠵᠠᠩᠴᠦᠪ ᠢ᠋ ᠱᠣᠢᠱᠤᠭ ᠬᠡᠦᠬᠡᠨ ᠲᠡᠪᠡᠷᠢᠵᠦ ᠬᠡᠪᠲᠡᠭᠰᠡᠨ ᠢ᠋ ᠨᠢᠳᠦ ᠪᠡᠷ ᠢ᠋ᠶ᠋ᠡᠨ ᠬᠠᠷᠠᠴᠢᠬᠠᠭᠰᠠᠨ ᠰᠢᠭ᠋ ᠢᠩᠭᠢᠵᠦ ᠶᠠᠷᠢᠬᠤ ᠨᠢ ᠲᠡᠭᠦᠨ ᠦ᠌ ᠨᠢᠮᠭᠡᠨ ᠴᠠᠪᠢ ᠣᠷᠤᠭᠤ ᠰᠢᠪᠦᠭᠡᠳᠡᠵᠦ ᠪᠠᠢᠭ᠎ᠠ ᠰᠢᠭ᠋ ᠡᠪᠡᠳᠦᠭᠦᠯᠦᠨ᠎ᠡ᠃ ᠲᠡᠭᠡᠭᠡᠳ ᠪᠠᠰᠠ 《ᠪᠢ ᠴᠢᠮᠠᠶ᠋ᠢ ᠭᠡᠨᠡᠳᠡᠴᠢᠬᠡᠯ᠎ᠡ᠂ ᠳᠠᠯᠢᠢᠴᠢᠬᠠᠯ᠎ᠠ ᠁ ᠭᠡᠵᠦ ᠴᠢᠨᠦ ᠬᠣᠢᠨ᠎ᠠ ᠠ᠋ᠴᠠ ᠨᠢᠯᠪᠤᠰᠤ ᠪᠠᠨ ᠰᠢᠷᠭᠢᠲᠡᠯ᠎ᠡ ᠤᠬᠢᠯᠠᠵᠤ ᠬᠣᠴᠣᠷᠤᠭᠰᠠᠨ ᠠ᠋! ᠪᠢ ᠴᠢᠨᠦ ᠬᠣᠢᠨ᠎ᠠ ᠠ᠋ᠴᠠ ᠦᠬᠦᠵᠦ ᠪᠣᠯᠬᠤ ᠪᠠᠢᠭᠰᠠᠨ ᠶᠤᠮ᠃ ᠭᠡᠲᠡᠯ᠎ᠡ ᠁ ᠬᠣᠶᠠᠷ ᠬᠦᠦ ᠪᠡᠨ ᠪᠣᠳᠣᠵᠤ ᠠᠮᠢᠳᠤᠷᠠᠯ ᠤ᠋ᠨ ᠳᠡᠭᠡᠰᠦᠨ ᠳᠥᠷᠥᠭᠡ ᠶ᠋ᠢ ᠲᠠᠰᠤᠷᠠᠬᠤ ᠠ᠋ᠴᠠ ᠠᠶᠤᠬᠤ ᠦᠭᠡᠢ ᠵᠣᠷᠢᠭᠲᠠᠢ ᠳᠥᠷᠥᠭᠡᠯᠡᠭᠡᠳ ᠪᠣᠰᠤᠭᠰᠠᠨ᠃ ᠠᠮᠢᠳᠤᠷᠠᠯ ᠤ᠋ᠨ ᠪᠠᠷᠲᠠᠭᠠᠲᠤ ᠬᠠᠷᠭᠤᠢ ᠳ᠋ᠤ᠌ ᠲᠣᠬᠢᠶᠠᠯᠳᠤᠭᠰᠠᠨ ᠭᠠᠴᠢᠯᠠᠩ ᠵᠣᠪᠠᠭᠤᠷᠢ ᠶ᠋ᠢᠨ ᠭᠠᠰᠢᠭᠤᠨ ᠨᠢᠰᠤᠭᠤᠨ ᠢ᠋ ᠶᠠᠭᠠᠬᠢᠵᠤ ᠲᠤᠭᠤᠯᠵᠤ ᠢᠷᠡᠭᠰᠡᠨ ᠢ᠋ ᠪᠢ ᠥᠪᠡᠷ ᠢ᠋ᠶ᠋ᠡᠨ ᠯᠠ ᠮᠡᠳᠡᠵᠦ ᠪᠠᠢᠨ᠎ᠠ᠃ ᠲᠠᠮᠤ ᠶ᠋ᠢᠨ ᠣᠷᠣᠨ ᠢ᠋ᠶ᠋ᠠᠷ ᠨᠢᠭᠡ ᠠᠢᠯᠴᠢᠯᠠᠭᠠᠳ ᠢᠷᠡᠭᠰᠡᠨ ᠭᠡᠬᠦ ᠳ᠋ᠦ᠍ ᠢᠯᠡᠭᠦᠳᠡᠬᠦ ᠦᠭᠡᠢ ᠠ᠋! ᠦᠷᠦ ᠡᠪᠡᠳᠦᠭᠰᠡᠨ ᠥᠭᠡᠳᠡ ᠰᠡᠳᠬᠢᠯᠲᠦ ᠬᠥᠮᠦᠨ ᠲᠣᠬᠢᠶᠠᠯᠳᠤᠭᠰᠠᠨ ᠦᠭᠡᠢ ᠪᠣᠯ ᠶᠠᠭᠤ ᠪᠣᠯᠵᠤ᠂ ᠪᠢᠳᠡ ᠡᠬᠡ ᠬᠦᠦ ᠭᠤᠷᠪᠠᠭᠤᠯᠠ ᠶ᠋ᠢᠨ ᠬᠤᠪᠢ ᠵᠠᠶᠠᠭ᠎ᠠ ᠬᠠᠮᠢᠭᠠᠰᠢ ᠪᠠᠨ ᠬᠠᠵᠠᠢᠬᠤ ᠪᠠᠢᠭᠰᠠᠨ ᠢ᠋ ᠮᠡᠳᠡᠬᠦ ᠶ᠋ᠢᠨ ᠠᠷᠭ᠎ᠠ ᠦᠭᠡᠢ》 ᠭᠡᠰᠡᠨ ᠲᠣᠳᠣᠷᠬᠠᠢ ᠥᠩᠭᠡ ᠨᠢᠭᠤᠭᠳᠠᠵᠤ ᠪᠠᠢᠭᠰᠠᠨ ᠢ᠋ ᠵᠠᠩᠴᠤᠪ ᠣᠢᠯᠠᠭᠠᠪᠠ᠃ 
       ᠰᠢᠷᠠᠭᠰᠠᠨ ᠮᠥᠭᠥ ᠶ᠋ᠢ ᠲᠡᠭᠦᠨ ᠳ᠋ᠦ᠍ ᠭᠠᠷᠳᠠᠭᠤᠯᠴᠢᠬᠠᠭᠠᠳ ᠭᠠᠷᠴᠤ ᠶᠠᠪᠤᠭᠰᠠᠨ ᠬᠦᠦ ᠶ᠋ᠢᠨ ᠠᠷᠤ ᠠ᠋ᠴᠠ ᠵᠠᠩᠴᠤᠪ᠄ 
       — ᠡᠨᠡ ᠬᠦᠦ ᠶ᠋ᠢᠨ ᠪᠡᠶ᠎ᠡ ᠬᠠᠳᠠ ᠭᠡᠵᠦ ᠮᠥᠨ ᠳᠣᠷᠪᠢᠲᠠᠢ ᠬᠦᠦ ᠪᠠᠢᠨ᠎ᠠ ᠰᠢᠦ᠃ ᠭᠡᠵᠦ ᠬᠡᠯᠡᠭᠰᠡᠨ ᠨᠢ ᠪᠯᠠᠮᠤ ᠶ᠋ᠢᠨ ᠴᠢᠬᠢᠨ ᠳ᠋ᠦ᠍ 《ᠡᠨᠡ ᠬᠦᠦ ᠮᠢᠨᠦ ᠬᠦᠦ ᠪᠢᠰᠢ ᠲᠡᠭᠡᠭᠡᠳ ᠲᠡᠮᠦᠷᠰᠭᠡ ᠭᠠᠩᠰᠦ᠋ᠭᠡ ᠬᠣᠶᠠᠷ ᠬᠦᠦ ᠮᠢᠨᠢ ᠬᠠᠮᠢᠭ᠎ᠠ ᠪᠣᠢ》 ᠭᠡᠵᠦ ᠠᠰᠠᠭᠤᠭᠰᠠᠨ ᠥᠩᠭᠡ ᠲᠡᠢ ᠰᠣᠨᠣᠰᠳᠠᠭᠰᠠᠨ ᠳ᠋ᠤ᠌ ᠪᠯᠠᠮᠤ᠄ 
       — ᠬᠠᠩᠭᠢ ᠶᠤᠮ ᠠ᠋ ᠮᠢᠨᠦ ᠬᠦᠦ! ᠪᠢᠷᠠᠭᠤ ᠲᠤᠭᠤᠯ ᠳ᠋ᠠᠭᠠᠨ ᠵᠥᠪ! ᠭᠡᠪᠡ᠃ 
       — ᠬᠣᠵᠢᠮ ᠭᠠᠵᠠᠷ ᠤ᠋ᠨ ᠨᠢᠷᠤᠭᠤ ᠶ᠋ᠢ ᠬᠣᠲᠣᠢᠲᠠᠯ᠎ᠠ ᠳᠡᠪᠢᠳᠡᠭ ᠰᠠᠢᠨ ᠪᠥᠬᠡ ᠪᠣᠯᠬᠤ ᠰᠢᠨᠵᠢ ᠲᠡᠢ ᠶᠦᠮ ᠠ᠋ ! 
       — ᠲᠡᠭᠡᠨ᠎ᠡ ᠯᠡ ᠭᠡᠵᠦ ᠡᠴᠢᠭᠡ ᠨᠢ ᠲᠡᠭᠦᠨ ᠢ᠋ ᠪᠠᠯᠴᠢᠷ ᠪᠠᠭ᠎ᠠ ᠠ᠋ᠴᠠ ᠨᠢ ᠡᠳᠦᠷ ᠠᠯᠳᠠᠬᠤ ᠦᠭᠡᠢ ᠵᠦᠷ ᠦ᠋ᠨ ᠢᠨᠵᠠᠭ᠎ᠠ ᠲᠡᠪᠡᠷᠢᠭᠦᠯᠵᠦ ᠪᠠᠢᠭᠰᠠᠨ ᠢ᠋ᠶ᠋ᠠᠨ ᠨᠠᠰᠤ ᠲᠡᠩᠬᠡᠭᠡ ᠨᠡᠮᠡᠭᠳᠡᠬᠦᠯᠡᠷ ᠲᠤᠭᠤᠯ ᠪᠢᠷᠠᠭᠤ ᠲᠠᠢ ᠨᠣᠴᠣᠯᠳᠤᠭᠤᠯᠤᠨ ᠲᠠᠮᠢᠷ ᠢ᠋ ᠨᠢ ᠲᠡᠵᠢᠭᠡᠵᠦ ᠲᠡᠩᠬᠡᠭᠡ ᠶ᠋ᠢ ᠨᠢ ᠰᠣᠷᠢᠵᠤ ᠪᠠᠢᠭ᠎ᠠ᠃ 
       — ᠤ᠂ ᠬᠥᠭᠡᠷᠦᠬᠦᠢ ᠭᠡᠵᠦ ᠵᠠᠩᠴᠤᠪ ᠪᠯᠠᠮᠤ ᠶ᠋ᠢᠨ ᠬᠡᠯᠡᠭᠰᠡᠨ ᠢ᠋ ᠤᠤᠬᠠᠢᠯᠠᠵᠤ ᠠᠶᠠᠯᠳᠠᠨ᠎ᠠ᠃ 
       ᠪᠣᠷᠣ ᠭᠡᠷ ᠳᠣᠲᠣᠷ᠎ᠠ ᠬᠡᠰᠡᠭ ᠵᠠᠭᠤᠷ᠎ᠠ ᠨᠠᠮ ᠵᠢᠮ᠃ 
       ᠪᠯᠠᠮᠤ᠂ ᠵᠠᠩᠴᠤᠪ ᠤ᠋ᠨ ᠨᠢᠳᠦᠨ ᠦ᠌ ᠬᠠᠷᠠᠴᠠ ᠠ᠋ᠴᠠ ᠬᠦᠦ ᠶ᠋ᠢᠨ ᠢ᠋ᠶ᠋ᠡᠨ ᠰᠤᠷᠠᠭ ᠢ᠋ ᠨᠡᠬᠡᠵᠦ ᠪᠠᠢᠨ᠎ᠠ ᠭᠡᠰᠡᠨ ᠢ᠋ ᠣᠢᠯᠠᠭᠠᠵᠤ᠂ 
       — ᠲᠡᠮᠤᠷᠰᠦ᠋ᠭᠡ ᠨᠠᠮᠰᠠᠷᠠᠢ ᠪᠤᠷᠬᠠᠲᠤ ᠶ᠋ᠢᠨ ᠰᠦᠮ᠎ᠡ ᠳ᠋ᠦ᠍ ᠪᠠᠨᠳᠢ ᠪᠣᠯᠤᠭᠰᠠᠨ᠃ ᠭᠠᠩᠰᠦ᠋ᠭᠡ ᠴᠦ᠍ ᠴᠢᠮᠠᠶ᠋ᠢ ᠳᠠᠭᠤᠷᠢᠶᠠᠵᠤ ᠫᠤᠤ ᠰᠤᠮᠤᠨ ᠳ᠋ᠤ᠌ ᠬᠣᠷᠣᠬᠠᠢᠲᠠᠢ᠃ ᠴᠠᠭᠠᠨ ᠬᠠᠷᠠᠭ᠎ᠠ ᠲᠠᠢ ᠭᠡᠵᠦ ᠬᠣᠰᠢᠭᠤ ᠴᠡᠷᠢᠭ ᠲᠦ᠍ ᠲᠠᠲᠠᠭᠰᠠᠨ᠃ ᠣᠳᠣ ᠡᠨᠡ ᠨᠢ ᠪᠠᠰᠠ ᠲᠡᠭᠡᠭᠡᠳ ᠡᠷ᠎ᠡ ᠶ᠋ᠢᠨ ᠵᠡᠷᠭᠡ ᠳ᠋ᠦ᠍ ᠬᠦᠷᠴᠦ ᠶᠠᠪᠤᠭ᠎ᠠ᠂ ᠶᠠᠭᠠᠬᠢᠳᠠᠭ ᠪᠣᠯ ᠠ᠋ ᠴᠣᠬᠣᠮ ? ᠭᠡᠳ ᠰᠠᠨᠠᠭ᠎ᠠ ᠠᠯᠳᠠᠨ᠎ᠠ᠃ 
       — ᠪᠠᠰᠠ ᠯᠠ ᠴᠡᠷᠢᠭ᠂ ᠴᠡᠷᠢᠭ ! ᠡᠨᠡ ᠢᠷᠣ᠎ᠠ ᠶ᠋ᠢᠨ ᠲᠡᠢᠨ ᠦ᠌ ᠬᠠᠷ᠎ᠠ ᠤᠲᠤᠭ᠎ᠠ ᠬᠡᠵᠢᠶ᠎ᠡ ᠨᠢᠭᠡ ᠵᠠᠮᠬᠠᠷᠠᠵᠤ ᠨᠣᠮᠣᠬᠠᠨ ᠠᠷᠠᠳ ᠠᠮᠤᠷ ᠵᠢᠮᠤᠷ ᠠᠮᠢᠳᠤᠷᠠᠳᠠᠭ ᠪᠣᠯ ᠠ᠋! ᠭᠡᠳ ᠬᠦᠰᠡᠯ ᠪᠠᠶᠠᠰᠤᠯ ᠤ᠋ᠨ ᠭᠢᠯᠪᠠᠭ᠎ᠠ ᠲᠠᠲᠠᠭᠰᠠᠨ ᠵᠠᠩᠴᠤᠪ ᠤ᠋ᠨ ᠥᠷᠭᠡᠨ ᠮᠠᠩᠨᠠᠢ ᠳ᠋ᠤ᠌ ᠦᠷᠴᠢᠯᠡᠭᠡᠰᠦ ᠲᠡᠳᠡᠨ ᠡᠭᠦᠯᠡ ᠪᠦᠷᠬᠦᠪᠡ ᠁
       ᠤᠳᠠᠭᠠᠨ ᠠᠭᠤᠯᠵᠠᠭᠰᠠᠨ ᠦᠭᠡᠢ ᠡᠳᠡ ᠬᠣᠶᠠᠷ ᠰᠡᠳᠬᠢᠯ ᠵᠢᠷᠦᠬᠡᠨ ᠦ᠌ ᠪᠡᠨ ᠰᠢᠷᠬ᠎ᠠ ᠰᠣᠭᠣᠭ ᠢ᠋ ᠬᠥᠨᠳᠡᠬᠦ ᠡᠴᠡ ᠬᠢᠴᠢᠶᠡᠵᠦ ᠬᠡᠦᠬᠡᠳ ᠰᠢᠳᠬᠤᠨ ᠡᠨᠡ ᠲᠡᠷᠡ ᠭᠡᠳ ᠬᠣᠯᠠᠭᠤᠷ ᠦᠭᠡ ᠲᠣᠭᠣᠷᠢᠭᠤᠯᠤᠨ ᠦᠨᠡᠨ ᠦᠭᠡᠨ ᠦ᠌ ᠪᠡᠨ ᠤᠭᠤᠲᠠᠨ ᠤ᠋ ᠣᠭᠣᠰᠣᠷ ᠢ᠋ ᠲᠠᠢᠯᠬᠤ ᠭᠡᠳ ᠳᠡᠢᠯᠳᠡᠭ ᠦᠭᠡᠢ ᠡᠳᠦᠷ ᠳᠤᠮᠳᠠ ᠶ᠋ᠢ ᠡᠯᠡᠭᠡᠵᠦ ᠰᠠᠭᠤᠯ᠎ᠠ᠃ 
       ᠠᠭᠤᠯᠠᠨ ᠤ᠋ ᠰᠡᠭᠦᠳᠡᠷ᠂ ᠲᠦᠳᠡᠬᠡᠨ ᠪᠣᠷᠣ ᠭᠡᠷ ᠦ᠋ᠨ ᠰᠠᠷᠠᠪᠴᠢ ᠶ᠋ᠢ ᠰᠡᠭᠦᠳᠡᠷ ᠪᠦᠷᠬᠦᠪᠡ᠃ 
       ᠵᠠᠩᠴᠣᠪ ᠭᠠᠩᠰᠠ ᠲᠠᠢ ᠪᠠᠨ ᠯᠠ ᠡᠭᠦᠷᠲᠦᠵᠦ ᠡᠮᠦᠨ᠎ᠡ ᠪᠡᠨ ᠦᠨᠡᠰᠦ ᠣᠪᠣᠭᠠᠯᠠᠨ ᠪᠣᠳᠣᠯᠭ᠎ᠠ ᠪᠣᠯᠬᠤ ᠳ᠋ᠠᠭᠠᠨ ᠭᠡᠷ ᠦ᠋ᠨ ᠳᠣᠲᠣᠷᠠᠬᠢ ᠡᠨᠡ ᠲᠡᠷᠡ ᠶ᠋ᠢ ᠨᠢᠳᠦ ᠭᠦᠶᠦᠯᠭᠡᠪᠡᠯ ᠬᠣᠢᠲᠤ ᠬᠡᠷᠡᠮ ᠦ᠋ᠨ ᠠᠳᠠᠭᠠᠷ ᠳᠠᠭᠠᠭᠤᠯᠵᠤ ᠮᠣᠳᠣ ᠬᠥᠨᠳᠡᠯᠢᠰᠦᠭᠦᠯᠦᠨ ᠤᠶᠠᠵᠤ ᠲᠡᠭᠦᠨ ᠳᠡᠭᠡᠷ᠎ᠡ ᠲᠤᠯᠤᠮ ᠲᠠᠢ ᠪᠤᠳᠠᠭ᠎ᠠ ᠭᠤᠯᠢᠷ᠂ ᠬᠠᠲᠠᠭᠠᠭᠰᠠᠨ ᠪᠣᠷᠴᠠ᠂ ᠬᠠᠯᠢᠶᠠᠷ ᠨᠣᠭᠣᠭ᠎ᠠ᠂ ᠬᠡᠦᠳᠡᠢ ᠲᠡᠢ ᠠᠭᠠᠷᠤᠤᠯ᠁ ᠬᠠᠮᠤᠭ ᠤ᠋ᠨ ᠵᠡᠭᠦᠨ ᠥᠨᠴᠥᠭ ᠲᠤᠨᠢ ᠲᠣᠮᠣ ᠡᠷ᠎ᠡ ᠬᠥᠮᠦᠨ ᠦ᠌ ᠪᠤᠯᠢᠭᠠᠷᠢᠨ ᠭᠤᠲᠤᠯ ᠡᠯᠭᠦᠵᠦ ᠪᠠᠢᠭ᠎ᠠ ᠶ᠋ᠢ ᠬᠠᠷᠠᠭᠠᠳ《ᠭᠤᠲᠤᠯ ᠠ᠋ᠴᠠ ᠨᠢ ᠬᠠᠷᠠᠬᠤ ᠳ᠋ᠤ᠌ ᠪᠯᠠᠮᠤ ᠲᠠᠢ ᠬᠠᠨᠢᠯᠠᠭᠰᠠᠨ ᠡᠨᠡ ᠡᠷ᠎ᠡ ᠭᠡᠭᠴᠢ ᠮᠤᠨᠳᠠᠭ ᠪᠦᠳᠦᠭᠦᠨ ᠬᠠᠳᠤᠭᠤᠨ ᠡᠷ᠎ᠡ ᠶᠦᠮ ᠪᠠᠢᠨ᠎ᠠ᠃ ᠣᠷᠣᠢ ᠪᠦᠷᠦᠢ ᠪᠣᠯᠵᠤ ᠪᠠᠢᠨ᠎ᠠ᠂ ᠥᠨᠥᠬᠢ ᠨᠢ ᠬᠦᠷᠦᠭᠡᠳ ᠢᠷᠡᠳᠡᠭ ᠴᠦ᠍ ᠪᠢᠯᠡ ᠤᠤ⁈ ᠶᠡᠷᠦ ᠨᠢ ᠶᠠᠪᠤᠭᠰᠠᠨ ᠳᠡᠭᠡᠷ᠎ᠡ ᠶᠦᠮ ᠤᠤ ᠳᠠ!》 ᠭᠡᠳ ᠪᠣᠰᠪᠠ᠃  
       ᠭᠠᠳᠠᠭ᠎ᠠ ᠲᠤᠯᠭᠠᠨ ᠳ᠋ᠤ᠌ ᠭᠠᠯ ᠰᠢᠲᠠᠭᠠᠵᠤ ᠪᠤᠳᠠᠭ᠎ᠠ ᠲᠥᠬᠥᠭᠡᠷᠦᠭᠰᠡᠨ ᠪᠯᠠᠮᠤ᠂ ᠵᠠᠩᠴᠣᠪ ᠶᠠᠪᠤᠬᠤ ᠭᠡᠰᠡᠨ ᠳ᠋ᠦ᠍᠂ 
       — ᠶᠠᠭᠠᠬᠢᠴᠢᠬᠠᠪᠠ? ᠲᠠ ᠴᠢᠨᠢ ᠭᠡᠯ᠎ᠡ᠃ 
       — ᠣᠳᠣ ᠶᠠᠪᠤᠶ᠎ᠠ ᠯᠠ ᠳᠠ! ᠰᠡᠭᠦᠳᠡᠷ ᠡᠷᠭᠢᠴᠢᠬᠡᠯ᠎ᠡ᠃ 
       — ᠬᠣᠭᠣᠯᠠ ᠪᠤᠳᠠᠭ᠎ᠠ ᠪᠡᠯᠡᠨ ᠪᠣᠯᠴᠢᠬᠬᠠᠰᠠᠨ ᠪᠠᠢᠬᠤ ᠳ᠋ᠤ᠌ ᠶᠠᠪᠤᠨ᠎ᠠ ᠭᠡᠳᠡᠭ ᠴᠢᠨᠢ ᠶᠠᠭᠤ ᠭᠡᠰᠡᠨ ᠦᠭᠡ ᠪᠣᠢ⁈ ᠭᠡᠵᠦ ᠵᠠᠩᠴᠣᠪ ᠢ᠋ ᠬᠣᠷᠢᠪᠠ᠃ 
       ᠵᠡᠷᠯᠢᠭ ᠮᠥᠭᠥ᠂ ᠭᠥᠷᠦᠭᠡᠰᠦᠨ ᠦ᠌ ᠪᠣᠷᠴᠠ ᠲᠠᠢ ᠱᠥᠯᠦᠨ ᠦ᠌ ᠦᠨᠦᠷ ᠭᠡᠷ ᠳᠦᠭᠦᠷᠡᠩ ᠬᠠᠩᠬᠤᠯᠵᠤ᠂ ᠪᠯᠠᠮᠤ《ᠭᠡᠢᠴᠢᠨ》 ᠳ᠋ᠡᠭᠡᠨ ᠠᠢᠷᠠᠭ ᠲᠠᠢ ᠲᠠᠰᠤᠯᠤᠭᠤᠷ ᠭᠤᠯᠢᠷ ᠠᠶᠠᠭᠠᠯᠠᠭᠰᠠᠨ ᠳ᠋ᠤ᠌ ᠵᠠᠩᠴᠣᠪ ᠳᠤᠷᠠᠲᠠᠢ ᠬᠣᠭᠣᠯᠠ ᠪᠠᠨ ᠬᠥᠯᠥᠷᠡᠲᠡᠯ᠎ᠡ ᠢᠳᠡᠵᠦ ᠴᠠᠳᠤᠭᠠᠳ ᠲᠠᠮᠠᠬᠢᠯᠠᠬᠤ ᠳᠤ ᠳᠣᠲᠣᠷ᠎ᠠ ᠶᠠᠮᠠᠷ ᠰᠠᠢᠬᠠᠨ ᠰᠠᠨᠠᠭᠳᠠᠯ᠎ᠠ ᠭᠡᠵᠦ ᠬᠡᠯᠡᠨ᠎ᠡ᠃ ᠬᠡᠴᠢᠨᠡᠭᠡᠨ ᠵᠢᠯ ᠭᠡᠷ ᠦ᠋ᠨ ᠪᠠᠷ᠎ᠠ ᠬᠠᠷᠠᠭᠰᠠᠨ ᠦᠭᠡᠢ ᠳ᠋ᠡᠭᠡᠨ ᠡᠢᠮᠦ ᠠᠮᠲᠠᠲᠠᠢ ᠬᠣᠭᠣᠯᠠ ᠣᠯᠵᠤ ᠢᠳᠡᠭᠡ ᠦᠭᠡᠢ᠃ ᠭᠥᠷᠦᠭᠡᠨ ᠳ᠋ᠦ᠍ ᠶᠠᠪᠤᠭᠠᠳ ᠭᠠᠨᠵᠤᠭ᠎ᠠ ᠳᠦᠭᠦᠷᠡᠩ ᠪᠤᠴᠠᠵᠤ ᠢᠷᠡᠬᠦ ᠳ᠋ᠦ᠍ᠨᠢ ᠪᠯᠠᠮᠤ ᠲᠡᠭᠦᠨ ᠦ᠌ ᠠᠯᠢ ᠳᠤᠷᠠᠲᠠᠢ ᠠ᠋ᠴᠠ ᠡᠢᠮᠦ ᠠᠮᠲᠠᠲᠠᠢ ᠰᠢᠮᠡᠲᠡᠢ ᠬᠣᠭᠣᠯᠠ ᠪᠡᠯᠡᠳᠬᠡᠴᠢᠬᠡᠭᠡᠳ ᠪᠠᠢᠳᠠᠭ ᠢ᠋ ᠰᠠᠨᠠᠵᠤ᠂ ᠲᠡᠷᠡ ᠪᠦᠬᠦᠨ ᠣᠳᠣ ᠲᠡᠦᠬᠡ ᠪᠣᠯᠤᠭᠰᠠᠨ ᠠ᠋! ᠥᠨᠥᠳᠥᠷ ᠶᠠᠮᠠᠷ ᠴᠦ᠍ ᠰᠠᠢᠬᠠᠨ ᠬᠣᠭᠣᠯᠠ ᠢᠳᠡᠴᠢᠬᠡᠯ᠎ᠡ ᠭᠡᠳ ᠠᠢᠯ ᠤ᠋ᠨ ᠲᠣᠭᠣᠭ᠎ᠠ ᠬᠠᠲᠠᠭᠰᠠᠨ ᠯᠠ ᠬᠡᠷᠡᠭ! ᠭᠡᠷ ᠲᠡᠭᠡᠨ ᠭᠡᠵᠦ ᠭᠡᠳᠡᠢᠬᠦ ᠵᠣᠷᠢᠭ ᠪᠠᠢᠬᠤ ᠦᠭᠡᠢ ᠭᠡᠵᠦ ᠪᠣᠳᠣᠭᠠᠳ᠄
       — ᠪᠯᠠᠮᠤ ᠠ᠋! ᠪᠢ ᠣᠳᠣ ᠶᠠᠪᠤᠬᠤ ᠦᠭᠡᠢ ᠭᠣᠷᠢ ᠦᠭᠡᠢ᠃ ᠲᠠᠨ ᠤ᠋ ᠬᠠᠷ᠎ᠠ ᠬᠥᠮᠦᠨ ᠴᠢᠨᠢ᠁ ᠭᠡᠬᠦ ᠳ᠋ᠦ᠍ ᠪᠯᠠᠮᠤ ᠦᠭᠡ ᠶ᠋ᠢ ᠨᠢ ᠲᠠᠰᠤᠯᠵᠤ᠄ 
       — ᠲᠠ ᠶᠠᠭᠤ ᠶᠠᠷᠢᠪᠠ? ᠭᠡᠯ᠎ᠡ᠃ 
       — ᠲᠠᠨ ᠤ᠋ ᠨᠥᠭᠦᠭᠡ ᠬᠠᠷ᠎ᠠ ᠬᠥᠮᠦᠨ ᠴᠢᠨᠢ ᠣᠳᠣ ᠢᠷᠡᠬᠦ ᠪᠣᠯᠤᠭ᠎ᠠ ᠪᠢᠵᠡ? ᠪᠢ ᠶᠠᠪᠤᠶ᠎ᠠ᠃ 
       — ᠲᠠ ᠥᠪᠡᠷ ᠦ᠋ᠨ ᠭᠡᠷ ᠲᠡᠭᠡᠨ ᠢᠷᠡᠵᠦ ᠬᠠᠨᠵᠤᠨ ᠤ᠋ ᠬᠣᠢᠮᠣᠷ ᠢ᠋ᠶ᠋ᠠᠨ ᠳᠠᠷᠤᠵᠤ ᠰᠠᠭᠤᠴᠢᠬᠠᠭᠠᠳ ᠨᠠᠮᠠᠶ᠋ᠢ ᠪᠠᠨ ᠭᠠᠳᠠᠨᠠᠰᠢᠶᠠᠭᠰᠠᠨ ᠦᠭᠡ ᠬᠡᠯᠡᠳᠡᠭ ᠨᠢ ᠶᠠᠭᠤ ᠪᠣᠢ? 
       — ᠦᠭᠡᠢ ᠠ᠋᠂ ᠴᠠᠭᠠᠳᠤ ᠲᠦᠰᠢᠭᠰᠡᠨ ᠬᠥᠮᠦᠨ ᠴᠢᠨᠢ ᠰᠠᠢᠨ ᠰᠡᠳᠬᠢᠯᠲᠦ ᠬᠥᠮᠦᠨ ᠶᠦᠮ ᠪᠠᠢᠨ᠎ᠠ᠁ ᠪᠢ ᠲᠠ ᠬᠣᠶᠠᠷ ᠤ᠋ᠨ ᠭᠠᠯ ᠭᠣᠯᠣᠮᠲᠠ ᠶ᠋ᠢᠨ ᠥᠷᠢ ᠲᠥᠯᠥᠭᠡᠰᠦ ᠪᠣᠯᠬᠤ ᠪᠠᠨ ᠪᠠᠢᠶ᠎ᠠ᠁ ᠭᠡᠳ ᠵᠠᠩᠴᠣᠪ ᠡᠭᠦᠯᠡᠨ ᠳ᠋ᠦ᠍ ᠵᠠᠯᠭᠢᠬᠳᠠᠭᠰᠠᠨ ᠡᠮᠲᠡᠷᠬᠡᠢ ᠰᠠᠷᠠ ᠶ᠋ᠢ ᠰᠢᠷᠲᠡᠭᠡᠳ ᠨᠢᠳᠦᠨ ᠳ᠋ᠦ᠍ᠨᠢ ᠵᠠᠢᠷ ᠭᠦᠶᠦᠪᠡ᠃ 

— — — — 
① ᠶᠢᠰᠦᠨ ᠵᠣᠭᠣᠰᠤᠨ ᠤ᠋ ᠲᠥᠯᠭᠡ ᠶ᠋ᠢᠨ ᠪᠠᠭᠤᠳᠠᠯ ᠤ᠋ᠨ ᠲᠤᠰᠬᠠᠢ ᠨᠡᠷ᠎ᠡ᠃ 


            ᠦᠰᠦᠭ ᠠᠮᠢᠯᠠᠭᠤᠯᠤᠭᠰᠠᠨ ᠨᠢ᠄ ᠫ᠂ ᠴᠢᠯᠠᠭᠤ