ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠵᠢᠷᠭᠤᠭ᠎ᠠ Үүрийн туяа II – Б ᠂ Ренчин Хоёрдугаар дэвтэр "Гал усны гашуун зовлон"-6
ᠵᠢᠷᠭᠤᠭ᠎ᠠ᠂ ᠤᠯᠢᠶᠠᠰᠤᠲᠠᠢ ᠶᠢᠨ ᠵᠠᠩᠵᠤᠨ ᠪᠠᠭᠤᠵᠤ ᠥᠭᠪᠡ
Vare, Legiones redde!*
ᠤᠯᠢᠶᠠᠰᠤᠲᠠᠢ ᠶ᠋ᠢᠨ ᠴᠠᠢᠵᠠ ᠳ᠋ᠤ᠌ ᠪᠠᠲᠤᠯᠠᠨ ᠰᠠᠭᠤᠭᠰᠠᠨ ᠨᠣᠭᠣᠭᠠᠨ ᠲᠤᠭ ᠤ᠋ᠨ ᠲᠦᠷᠢᠮᠡᠬᠡᠢ ᠰᠦᠷᠲᠦ ᠪᠠᠭᠠᠲᠤᠷ ᠴᠡᠷᠢᠭ ᠨᠢ ᠬᠠᠪᠤᠷ ᠤ᠋ᠨ ᠵᠡᠷᠭᠡᠯᠭᠡ ᠲᠡᠢ ᠠᠳᠠᠯᠢ ᠪᠠᠢᠵᠠᠢ᠃ ᠲᠡᠷᠡ ᠨᠢᠭᠡᠨ ᠰᠥᠨᠢ ᠵᠠᠰᠠᠭᠲᠤ ᠬᠠᠨ ᠠᠢᠮᠠᠭ ᠤ᠋ᠨ ᠵᠠᠩᠵᠤᠨ ᠶᠠᠮᠤᠨ ᠤ᠋ ᠵᠦᠭ ᠰᠠᠮ ᠤᠷᠭᠤᠨ ᠵᠠᠢᠯᠠᠭᠰᠠᠨ ᠮᠣᠩᠭᠣᠯ ᠵᠠᠩᠵᠤᠨ ᠭᠣᠮᠪᠤᠰᠦ᠋ᠷᠦᠩ ᠸᠠᠩ᠂ ᠠᠢᠮᠠᠭ ᠤ᠋ᠨ ᠵᠠᠩᠵᠤᠨ ᠳ᠋ᠤ᠌ ᠳᠣᠩᠭᠣᠳᠤᠭᠤᠯᠤᠨ ᠬᠥᠭᠡᠭᠡᠭᠳᠡᠵᠦ᠂ ᠴᠠᠢᠵᠠ ᠶ᠋ᠢ ᠡᠵᠡᠯᠡᠨ ᠮᠠᠨᠵᠤ ᠨᠠᠷ ᠢ᠋ ᠦᠯᠳᠡᠨ ᠬᠥᠭᠡᠭᠡᠬᠦ ᠬᠠᠲᠠᠭᠤ ᠲᠤᠰᠢᠶᠠᠯ ᠬᠦᠯᠢᠶᠡᠵᠦ᠂ ᠠᠷᠭ᠎ᠠ ᠪᠤᠶᠤ ᠳᠠᠬᠢᠨ ᠤᠯᠢᠶᠠᠰᠤᠲᠠᠢ ᠳ᠋ᠠᠭᠠᠨ (ᠳ᠋ᠤ᠌ ᠪᠠᠨ) ᠪᠤᠴᠠᠬᠤ ᠳ᠋ᠤ᠌ ᠬᠦᠷᠴᠡᠢ᠃ ᠠᠮᠢ ᠬᠠᠮᠢᠭᠠᠰᠢ ᠪᠣᠯᠬᠤ ᠠ᠋ᠴᠠ ᠠᠶᠤᠨ᠂ ᠬᠢᠲᠠᠳ ᠬᠤᠳᠠᠯᠳᠤᠭᠠᠨ ᠤ᠋ ᠬᠣᠲᠠ᠂ ᠰᠠᠩ ᠤ᠋ᠨ ᠬᠣᠲᠠ ᠬᠠᠪᠢ ᠳ᠋ᠤ᠌ ᠮᠠᠨᠵᠤ ᠬᠢᠲᠠᠳ ᠦᠰᠦᠭ ᠦ᠋ᠨ ᠵᠠᠷᠯᠠᠯ ᠨᠠᠭᠠᠯᠳᠤᠭᠤᠯᠵᠤ᠂ ᠰᠠᠩ ᠤ᠋ᠨ ᠬᠣᠲᠠ ᠳ᠋ᠤ᠌ ᠪᠠᠢᠭ᠎ᠠ ᠨᠣᠭᠣᠭᠠᠨ ᠲᠤᠭ ᠤ᠋ᠨ ᠬᠦᠨᠳᠦ ᠴᠡᠷᠢᠭ ᠢ᠋ ᠵᠡᠪᠰᠡᠭ ᠢ᠋ᠶ᠋ᠡᠨ ᠬᠠᠶᠠᠵᠤ᠂ ᠰᠠᠩ ᠤ᠋ᠨ ᠬᠣᠲᠠᠨ ᠠ᠋ᠴᠠ ᠵᠠᠢᠯᠠᠭᠠᠳ ᠬᠤᠳᠠᠯᠳᠤᠭᠠᠨ ᠤ᠋ ᠢᠷᠭᠡᠨ ᠦ᠌ ᠰᠠᠭᠤᠬᠤ ᠬᠣᠲᠠᠨ ᠳ᠋ᠤ᠌ ᠣᠷᠣᠭᠴᠢᠳ ᠲᠤ᠌ ᠶᠠᠯ᠎ᠠ ᠬᠡᠯᠡᠯᠴᠡᠬᠦ ᠦᠭᠡᠢ᠂ ᠬᠠᠷᠢᠨ ᠲᠤᠰᠢᠶᠠᠯ ᠢ᠋ ᠵᠥᠷᠢᠴᠡᠭᠡᠳ ᠰᠠᠩ ᠤ᠋ᠨ ᠬᠣᠲᠠᠨ ᠳ᠋ᠤ᠌ ᠪᠣᠭᠰᠢᠨ ᠰᠠᠭᠤᠪᠠᠯ᠂ ᠮᠣᠩᠭᠣᠯ ᠴᠡᠷᠢᠭ ᠵᠡᠪᠰᠡᠭ ᠬᠥᠳᠡᠯᠭᠡᠨ ᠳᠠᠭᠠᠷᠢᠬᠤ ᠴᠠᠭ ᠲᠤ᠌ ᠬᠠᠰ ᠴᠢᠯᠠᠭᠤ ᠶ᠋ᠢ ᠢᠯᠭᠠᠬᠤ ᠦᠭᠡᠢ ᠪᠣᠯᠤᠨ᠎ᠠ* ᠭᠡᠵᠦ ᠵᠠᠷᠯᠠᠭᠠᠳ᠂ ᠶᠠᠭᠤ ᠪᠣᠯᠳᠠᠭ ᠪᠣᠯ? ᠭᠡᠵᠦ ᠰᠠᠨᠠᠭ᠎ᠠ ᠵᠣᠪᠠᠨ ᠬᠦᠯᠢᠶᠡᠵᠦ ᠰᠠᠭᠤᠲᠠᠯ᠎ᠠ᠂ ᠬᠠᠷᠢᠨ ᠲᠡᠷᠡᠬᠦ ᠵᠠᠷᠯᠠᠯ ᠨᠠᠭᠠᠮᠠᠭᠴᠠ᠂ ᠤᠷᠢᠳᠠ(ᠤᠷᠢᠳ) ᠴᠡᠷᠢᠭ ᠦ᠋ᠨ ᠰᠤᠷᠭᠠᠭᠤᠯᠢ ᠬᠢᠬᠦ ᠦᠶᠡᠰ ᠣᠯᠠᠨ ᠥᠩᠭᠡ ᠶ᠋ᠢᠨ ᠲᠤᠭ ᠳᠠᠯᠪᠠᠭ᠎ᠠ ᠨᠠᠮᠢᠯᠵᠠᠭᠤᠯᠤᠨ᠂ ᠴᠣ ᠰᠢᠨ᠎ᠡ ᠬᠤᠪᠴᠠᠰᠤ ᠪᠠᠷ ᠭᠠᠢᠬᠠᠭᠤᠯᠤᠨ᠂ ᠭᠠᠭᠴᠠ ᠨᠢᠭᠡᠨ ᠴᠡᠷᠢᠭ ᠦ᠋ᠨ ᠰᠡᠯᠡᠮ᠎ᠡ ᠵᠢᠳᠠ ᠡᠷᠭᠢᠭᠦᠯᠬᠦ ᠵᠡᠷᠭᠡ ᠡᠷᠳᠡᠮ ᠰᠤᠷᠭᠠᠭᠤᠯᠢ ᠪᠠᠷ ᠰᠦᠷ ᠪᠠᠳᠠᠷᠠᠭᠤᠯᠤᠨ ᠭᠠᠢᠬᠠᠭᠤᠯᠵᠤ ᠪᠠᠢᠭᠰᠠᠨ ᠳᠣᠭᠰᠢᠨ ᠰᠦᠷᠲᠦ ᠥᠨᠥᠬᠢ ᠨᠣᠭᠣᠭᠠᠨ ᠲᠤᠭ ᠤ᠋ᠨ ᠴᠡᠷᠢᠭ ᠭᠡᠨᠡᠳᠲᠡ ᠬᠣᠶᠠᠷ ᠭᠤᠷᠪᠠᠨ ᠬᠣᠨᠣᠭ ᠤ᠋ᠨ ᠳᠣᠲᠣᠷ᠎ᠠ᠂ ᠬᠠᠷᠢᠶᠠᠲᠤ ᠮᠠᠨᠵᠤ ᠳᠠᠷᠤᠭ᠎ᠠ ᠨᠠᠷ ᠤ᠋ᠨ ᠦᠭᠡ ᠲᠤᠰᠢᠶᠠᠯ ᠢ᠋ ᠳᠠᠭᠠᠬᠤ ᠦᠭᠡᠢ ᠪᠣᠯᠵᠤ᠂ ᠵᠡᠪᠰᠡᠭ ᠢ᠋ᠶ᠋ᠡᠨ ᠬᠠᠶᠠᠵᠠᠭᠠᠵᠤ᠂ ᠬᠤᠳᠠᠯᠳᠤᠭᠠᠨ ᠤ᠋ ᠢᠷᠭᠡᠨ ᠦ᠌ ᠰᠠᠭᠤᠬᠤ ᠬᠣᠲᠠᠨ ᠳ᠋ᠤ᠌ ᠫᠢᠭ ᠳᠦᠭᠦᠷᠴᠦ᠂ ᠰᠠᠩ ᠤ᠋ᠨ ᠬᠣᠲᠠᠨ ᠳ᠋ᠤ᠌ ᠭᠠᠭᠴᠠᠬᠦ (ᠭᠠᠭᠴᠠ ᠬᠦ᠌)ᠵᠠᠩᠵᠤᠨ ᠬᠦᠢ᠂ ᠰᠠᠢᠳ ᠶᠤᠸᠠᠨ᠂ ᠬᠡᠳᠦᠬᠡᠨ ᠳᠠᠷᠤᠭ᠎ᠠ ᠴᠥᠭᠡᠨ ᠴᠡᠷᠢᠭ ᠦ᠋ᠨ ᠬᠠᠮᠲᠤ ᠦᠯᠡᠳᠡᠵᠡᠢ᠃
ᠬᠡᠷᠡᠭ ᠪᠠᠢᠳᠠᠯ ᠡᠢᠮᠦ ᠪᠣᠯᠵᠤ ᠪᠠᠢᠬᠤ ᠶ᠋ᠢᠨ ᠬᠠᠮᠲᠤ᠂ ᠨᠡᠢᠰᠯᠡᠯ ᠬᠦᠷᠢᠶᠡᠨ ᠡᠴᠡ ᠡᠯᠴᠢ ᠳᠣᠪᠲᠣᠯᠭᠠᠨ᠂ ᠮᠣᠩᠭᠣᠯ ᠰᠠᠢᠳ ᠭᠦᠷᠭᠦᠮᠵᠡᠪ᠂ ᠮᠣᠩᠭᠣᠯ ᠵᠠᠩᠵᠤᠨ ᠭᠣᠮᠪᠣᠰᠦᠢ᠍ᠷᠦᠩ ᠬᠣᠶᠠᠷ ᠢ᠋ ᠨᠡᠩ ᠳᠠᠷᠤᠢ ᠤᠯᠢᠶᠠᠰᠤᠲᠠᠢ ᠠ᠋ᠴᠠ ᠮᠠᠨᠵᠤ ᠲᠦᠰᠢᠮᠡᠯ ᠴᠡᠷᠢᠭ ᠢ᠋ ᠦᠯᠳᠡᠨ ᠭᠠᠵᠠᠷ ᠣᠷᠣᠨ ᠢ᠋ ᠠᠷᠢᠭᠤᠳᠬᠠᠵᠤ᠂ ᠠᠷᠪᠠᠨ ᠨᠢᠭᠡᠨ ᠰᠠᠷ᠎ᠠ ᠶ᠋ᠢᠨ ᠰᠢᠨ᠎ᠡ ᠶ᠋ᠢᠨ ᠶᠢᠰᠦᠨ ᠦ᠌ ᠮᠣᠷᠢᠨ ᠴᠠᠭ ᠲᠤ᠌ ᠪᠣᠭᠳᠠ ᠭᠡᠭᠡᠬᠡᠨ(ᠭᠡᠭᠡᠨ) ᠢ᠋ ᠮᠣᠩᠭᠣᠯ ᠤᠯᠤᠰ ᠤ᠋ᠨ ᠡᠵᠡᠨ ᠬᠠᠭᠠᠨ ᠤ᠋ ᠡᠷᠳᠡᠨᠢ ᠶ᠋ᠢᠨ ᠰᠢᠷᠡᠭᠡᠨ ᠳ᠋ᠦ᠍ ᠵᠠᠯᠠᠷᠠᠬᠤ ᠶᠡᠬᠡ ᠶᠣᠰᠣᠯᠠᠯ ᠳ᠋ᠤ᠌ ᠮᠥᠷᠭᠥᠨ ᠭᠦᠢᠴᠡᠳᠭᠡ ᠭᠡᠵᠦ ᠲᠤᠰᠢᠶᠠᠵᠠᠢ᠃ ᠤᠯᠢᠶᠠᠰᠤᠲᠠᠢ ᠶ᠋ᠢᠨ ᠵᠠᠩᠵᠤᠨ ᠤ᠋ ᠵᠠᠬᠢᠷᠭᠠᠨ ᠳ᠋ᠤ᠌ ᠪᠠᠢᠭᠰᠠᠨ ᠪᠠᠷᠠᠭᠤᠨ ᠬᠣᠶᠠᠷ ᠠᠢᠮᠠᠭ ᠤ᠋ᠨ ᠵᠠᠰᠠᠭᠲᠤ᠂ ᠰᠠᠢᠨ ᠨᠣᠶᠠᠨ ᠬᠣᠶᠠᠷ ᠬᠠᠨ᠂ ᠬᠦᠷᠢᠶᠡᠨ ᠦ᠌ ᠶᠡᠷᠦᠩᠬᠡᠢᠯᠡ ᠰᠢᠢᠳᠬᠡᠬᠦ ᠭᠠᠵᠠᠷ ᠤ᠋ᠨ ᠲᠤᠰᠢᠶᠠᠯ ᠶᠣᠰᠣᠭᠠᠷ ᠤᠯᠢᠶᠠᠰᠤᠲᠠᠢ ᠶ᠋ᠢ ᠪᠠᠢᠯᠳᠤᠬᠤ ᠴᠡᠷᠢᠭ ᠲᠡᠳᠡᠨ ᠮᠣᠷᠳᠠᠭᠤᠯᠵᠤ ᠪᠠᠢᠪᠠ᠃ ᠲᠡᠭ ᠲᠡᠭᠡᠭᠰᠡᠭᠡᠷ ᠥᠨᠥᠬᠢ ᠠᠷᠪᠠᠨ ᠨᠢᠭᠡᠨ ᠰᠠᠷ᠎ᠠ ᠶ᠋ᠢᠨ ᠰᠢᠨ᠎ᠡ ᠶ᠋ᠢᠨ ᠶᠢᠰᠦᠨ ᠪᠣᠯᠪᠠ᠃ ᠤᠯᠢᠶᠠᠰᠤᠲᠠᠢ ᠶ᠋ᠢᠨ ᠠᠷᠠᠳ ᠠᠮᠢᠲᠠᠨ᠂ ᠥᠷᠯᠥᠭᠡᠨ ᠡᠴᠡ ᠮᠣᠩᠭᠣᠯ ᠰᠠᠢᠳ ᠤ᠋ᠨ ᠥᠷᠭᠥᠭᠡ ᠶᠠᠮᠤᠨ ᠤ᠋ ᠬᠠᠪᠢ ᠳ᠋ᠤ᠌ ᠴᠤᠭᠯᠠᠵᠤ᠂ ᠭᠤ᠊ ᠵᠠᠩᠵᠤᠨ ᠤ᠋ ᠮᠣᠩᠭᠣᠯ ᠴᠡᠷᠢᠭ ᠲᠤᠭ ᠳᠠᠯᠪᠠᠭ᠎ᠠ ᠪᠠᠷᠢᠵᠤ ᠵᠢᠭᠰᠠᠨ ᠬᠦᠷᠴᠦ ᠢᠷᠡᠪᠡ᠃ ᠲᠦᠰᠢᠮᠡᠳ᠂ ᠭᠠᠳᠠᠭ᠎ᠠ ᠬᠦᠵᠢ ᠶ᠋ᠢᠨ ᠰᠢᠷᠡᠭᠡ ᠲᠠᠯᠪᠢᠵᠤ᠂ ᠮᠣᠷᠢᠨ ᠴᠠᠭ ᠪᠣᠯᠣᠮᠠᠭᠴᠠ ᠨᠣᠶᠠᠳ ᠲᠦᠰᠢᠮᠡᠳ ᠬᠤᠷᠠᠨ ᠴᠤᠭᠯᠠᠭᠰᠠᠨ ᠠᠷᠠᠳ ᠣᠯᠠᠨ ᠪᠦᠭᠦᠳᠡ᠂ ᠬᠦᠷᠢᠶᠡᠨ ᠦ᠌ ᠵᠦᠭ ᠬᠠᠨᠳᠤᠨ ᠰᠥᠭᠥᠳᠴᠦ ᠭᠤᠷᠪᠠᠨᠲᠠ ᠮᠥᠷᠭᠥᠮᠡᠭᠴᠡ ᠫᠤᠤ ᠲᠠᠯᠪᠢᠨ ᠶᠣᠰᠣᠯᠠᠪᠠ᠃
ᠪᠣᠭᠳᠠ ᠶ᠋ᠢᠨ ᠰᠢᠷᠡᠭᠡᠨ᠎ᠡ ᠵᠠᠯᠠᠷᠠᠬᠤ ᠲᠤᠬᠠᠢ ᠶ᠋ᠢᠨ ᠶᠣᠰᠣᠯᠠᠯ ᠢ᠋ ᠬᠢᠵᠦ ᠭᠦᠢᠴᠡᠮᠡᠭᠴᠡ᠂ ᠮᠣᠩᠭᠣᠯ ᠶᠠᠮᠤᠨ ᠤ᠋ ᠭᠠᠯᠴᠢ ᠨᠠᠷ᠂ ᠲᠡᠷᠡ ᠶᠣᠰᠣᠯᠠᠯ ᠳ᠋ᠤ᠌ ᠬᠤᠷᠠᠭᠰᠠᠨ ᠠᠷᠠᠳ ᠴᠡᠷᠢᠭ ᠲᠦᠰᠢᠮᠡᠯ ᠳ᠋ᠦ᠍ ᠴᠠᠢ᠂ ᠲᠠᠪᠠᠭ ᠲᠠᠢ ᠪᠣᠣᠪᠣ᠂ ᠦᠵᠦᠮ᠂ ᠴᠢᠪᠠᠭ᠎ᠠ ᠪᠠᠷᠢᠵᠤ ᠳᠠᠢᠯᠠᠪᠠ᠃ ᠶᠣᠰᠣᠯᠠᠯ ᠳ᠋ᠤ᠌ ᠢᠷᠡᠭᠰᠡᠨ ᠵᠠᠷᠢᠮ ᠬᠥᠮᠦᠨ ᠲᠡᠷᠡ ᠲᠠᠪᠠᠭ ᠲᠠᠢ ᠦᠵᠦᠮ᠂ ᠰᠢᠬᠢᠷ᠂ ᠴᠢᠪᠠᠭ᠎ᠠ ᠶ᠋ᠢ ᠠᠯᠴᠢᠭᠤᠷ ᠲᠠᠭᠠᠨ ᠣᠷᠢᠶᠠᠨ ᠡᠪᠦᠷᠲᠡᠯᠡᠵᠦ᠂ ᠠᠷᠤ ᠭᠡᠷ ᠦ᠋ᠨ ᠬᠢᠨ ᠳ᠋ᠡᠭᠡᠨ《 ᠤᠯᠤᠰ ᠤ᠋ᠨ ᠬᠡᠰᠢᠭ》 ᠡᠴᠡ ᠠᠮᠰᠠᠭᠤᠯᠤᠨ᠎ᠠ ᠭᠡᠵᠦ ᠲᠤᠰᠠᠭᠠᠷ ᠲᠣᠭᠲᠠᠨᠢᠭᠰᠠᠨ ᠮᠣᠩᠭᠣᠯ ᠤᠯᠤᠰ ᠪᠣᠯᠪᠠ ᠭᠡᠵᠦ ᠶᠡᠬᠡᠯ᠎ᠡ ᠪᠠᠶᠠᠷᠯᠠᠪᠠ᠃
ᠶᠣᠰᠣᠯᠠᠯ ᠴᠠᠢᠯᠠᠯᠭ᠎ᠠ ᠶ᠋ᠢᠨ ᠳᠠᠷᠠᠭ᠎ᠠ ᠲᠤᠩ ᠪᠦᠷᠢᠶ᠎ᠡ ᠲᠠᠲᠠᠵᠤ᠂ ᠮᠣᠩᠭᠣᠯ ᠰᠠᠢᠳ ᠵᠠᠩᠵᠤᠨ ᠬᠣᠶᠠᠷ᠂ ᠵᠢᠷᠣᠭ᠎ᠠ ᠰᠠᠢᠨ ᠮᠣᠷᠢ ᠤᠨᠤᠵᠤ ᠴᠡᠷᠢᠭ ᠤᠳᠤᠷᠢᠳᠤᠨ᠂ ᠮᠣᠷᠢ ᠲᠠᠢ ᠲᠡᠮᠡᠭᠡ ᠲᠡᠢ ᠡᠩ ᠦ᠋ᠨ ᠠᠷᠠᠳ ᠢ᠋ ᠳᠠᠭᠠᠭᠤᠯᠤᠨ᠂ ᠰᠠᠩ ᠤ᠋ᠨ ᠬᠣᠲᠠᠨ ᠤ᠋ ᠵᠦᠭ ᠳᠠᠪᠬᠢᠪᠠ᠃
ᠬᠠᠭᠠᠯᠭ᠎ᠠ ᠶ᠋ᠢ ᠰᠠᠬᠢᠬᠤ ᠴᠡᠷᠢᠭ᠂ ᠲᠡᠷᠡ ᠣᠯᠠᠨ ᠮᠣᠩᠭᠣᠯ ᠴᠡᠷᠢᠭ ᠠᠷᠠᠳ ᠤ᠋ᠨ ᠰᠦᠷᠲᠦ ᠵᠢᠭᠰᠠᠭᠠᠯ ᠢ᠋ ᠦᠵᠡᠭᠡᠳ ᠠᠶᠤᠨ ᠰᠠᠨᠳᠤᠷᠴᠤ ᠶᠡᠬᠡ ᠬᠠᠭᠠᠯᠭ᠎ᠠ ᠶ᠋ᠢ ᠨᠡᠭᠡᠭᠡᠵᠦ ᠥᠭᠪᠡ᠃ ᠣᠯᠠᠨ ᠮᠣᠷᠢᠨ ᠤ᠋ ᠲᠤᠭᠤᠷᠠᠢ ᠶ᠋ᠢᠨ ᠲᠦᠪᠡᠷᠭᠡᠨ᠂ ᠭᠣᠮᠪᠤᠰᠦ᠋ᠷᠦᠩ ᠵᠠᠩᠵᠤᠨ ᠤ᠋ ᠮᠣᠷᠢᠲᠤ ᠴᠡᠷᠢᠭ ᠦ᠋ᠨ ᠤᠷᠠᠢ ᠬᠠᠰᠬᠢᠷᠬᠤ ᠶ᠋ᠢ ᠳᠠᠭᠠᠭᠰᠠᠨ ᠡᠩ ᠦ᠋ᠨ ᠣᠯᠠᠨ ᠠᠷᠠᠳ ᠲᠣᠰᠣᠨ ᠠᠪᠴᠤ᠂ ᠤᠯᠠᠮ ᠰᠦᠷ ᠪᠠᠳᠠᠷᠠᠭᠤᠯᠤᠨ ᠬᠠᠰᠬᠢᠷᠤᠯᠳᠤᠭᠰᠠᠨ ᠨᠢ ᠰᠠᠩ ᠤ᠋ᠨ ᠬᠣᠲᠠ ᠪᠠᠷ ᠴᠤᠤᠷᠢᠶᠠᠯᠠᠵᠤ᠂ ᠮᠠᠨᠵᠤ ᠵᠠᠩᠵᠤᠨ ᠬᠦᠢ ᠶᠠᠮᠤᠨ ᠠ᠋ᠴᠠ ᠰᠠᠨᠳᠤᠷᠤᠨ ᠭᠦᠶᠦᠵᠦ ᠭᠠᠷᠤᠭᠠᠳ᠂ ᠮᠣᠩᠭᠣᠯ ᠰᠠᠢᠳ ᠭᠦᠷᠭᠦᠮᠵᠠᠪ ᠤ᠋ᠨ ᠮᠣᠷᠢᠨ ᠤ᠋ ᠡᠮᠦᠨ᠎ᠡ ᠰᠥᠭᠥᠳᠦᠨ᠂ ᠬᠣᠷᠣᠬᠠᠢ ᠮᠡᠲᠦ ᠥᠴᠦᠬᠡᠨ ᠬᠥᠮᠦᠨ ᠦ᠌ ᠠᠮᠢ ᠶ᠋ᠢ ᠬᠠᠢᠷᠠᠯᠠ ᠭᠡᠵᠦ ᠤᠬᠢᠯᠠᠨ ᠮᠥᠷᠭᠥᠪᠡ᠃
ᠭᠦᠷᠭᠦᠮᠵᠠᠪ ᠨᠢ ᠬᠦᠵᠢ ᠪᠠᠷᠢᠭᠰᠠᠨ ᠠᠬ᠎ᠠ ᠶ᠋ᠢ ᠪᠡᠨ ᠲᠡᠭᠡᠵᠦ ᠮᠠᠭᠤ ᠪᠠᠨ ᠦᠵᠡᠵᠦ ᠪᠠᠢᠬᠤ ᠶ᠋ᠢ ᠬᠠᠷᠠᠭᠠᠳ᠂ ᠮᠣᠷᠢᠨ ᠠ᠋ᠴᠠ ᠪᠠᠨ ᠶᠠᠭᠠᠷᠠᠨ
— ᠮᠥᠩᠭᠥ ᠪᠡᠷ ᠪᠣᠳᠣᠪᠠᠯ ᠳᠥᠷᠪᠡᠨ ᠲᠦᠮᠡ ᠲᠠᠪᠤᠨ ᠮᠢᠩᠭᠠᠨ ᠯᠠᠩ ᠤ᠋ᠨ ᠦᠰᠦ ᠪᠣᠢ ᠭᠡᠵᠦ ᠬᠦᠢ ᠵᠠᠩᠵᠤᠨ ᠤ᠋ ᠬᠡᠯᠡᠮᠡᠭᠴᠡ ᠭᠦᠷᠬᠦᠮᠵᠠᠪ ᠰᠠᠨᠠᠭᠠᠯᠵᠠᠨ ᠪᠣᠳᠣᠪᠠ᠃ ᠬᠦᠢ ᠵᠠᠩᠵᠤᠨ᠂ ᠭᠦᠷᠬᠦᠮᠵᠠᠪ ᠸᠠᠩ ᠤ᠋ᠨ ᠬᠠᠷᠢᠭᠤ ᠶᠠᠭᠤ ᠬᠡᠯᠡᠬᠦ ᠶ᠋ᠢ ᠬᠦᠯᠢᠶᠡᠨ᠂ ᠮᠣᠩᠭᠣᠯ ᠰᠠᠢᠳ ᠤ᠋ᠨ ᠪᠠᠷᠠᠭ᠎ᠠ ᠪᠣᠯᠤᠭᠴᠢᠳ ᠢ᠋ ᠭᠢᠯᠤᠢᠨ ᠬᠠᠷᠠᠪᠠᠯ᠂ ᠲᠡᠳᠡ ᠮᠠᠨᠵᠤ ᠬᠡᠯᠡ ᠮᠡᠳᠡᠬᠦ ᠦᠭᠡᠢ᠂ ᠬᠦᠢ ᠭᠦᠷᠭᠦᠮᠵᠠᠪ ᠬᠣᠶᠠᠷ ᠤ᠋ᠨ ᠴᠣᠬᠣᠮ ᠶᠠᠭᠤ ᠬᠡᠯᠡᠯᠴᠡᠭᠰᠡᠨ ᠢ᠋ ᠣᠭᠲᠣ ᠮᠡᠳᠡᠬᠦ ᠦᠬᠡᠷ ᠲᠤᠯᠠ᠂ ᠳᠡᠮᠡᠢ ᠯᠡ ᠠᠯᠮᠠᠢᠷᠠᠨ ᠵᠣᠭᠰᠣᠬᠤ ᠠᠵᠢ᠃ ᠭᠦᠷᠬᠦᠮᠵᠠᠪ ᠪᠣᠳᠣᠵᠣᠨᠠᠭᠠᠳ᠂ ᠬᠡᠷᠪᠡ ᠲᠡᠷᠡ ᠪᠤᠯᠠᠭ᠎ᠠ ᠶ᠋ᠢᠨ ᠦᠰᠦ᠂ ᠰᠠᠩ ᠬᠥᠮᠥᠷᠭᠡ ᠳ᠋ᠦ᠍ ᠪᠤᠰᠤ᠂ ᠡᠷᠬᠢᠮ ᠠᠬ᠎ᠠ ᠶ᠋ᠢᠨ ᠭᠡᠷ ᠦᠷᠭᠦᠭᠡᠨ ᠳ᠋ᠦ᠍ ᠪᠣᠢ ᠠᠪᠠᠰᠤ ᠪᠣᠯᠤᠮᠤᠢ ᠬ᠌ ᠠ᠃ ᠬᠣᠢᠴᠢ ᠡᠳᠦᠷ᠂ ᠴᠠᠭ ᠲᠥᠷᠥ ᠶ᠋ᠢᠨ ᠪᠠᠢᠳᠠᠯ ᠥᠭᠡᠷ᠎ᠡ ᠪᠣᠯᠪᠠᠰᠤ᠂ ᠡᠷᠬᠢᠮ ᠠᠬ᠎ᠠ ᠪᠣᠯᠬᠢ ᠳᠡᠭᠦᠦ ᠪᠡᠨ ᠬᠢᠴᠢᠶᠡᠩᠭᠦᠢᠯᠡᠨ᠂ ᠡᠷᠬᠢᠮ ᠠᠬ᠎ᠠ ᠶ᠋ᠢ ᠬᠡᠵᠢᠶᠡᠳᠡ ᠳᠡᠭᠦᠦ ᠶ᠋ᠢᠨ ᠶᠣᠰᠣᠭᠠᠷ ᠦᠢᠯᠡᠴᠢᠯᠡᠵᠦ ᠪᠠᠢᠭᠰᠠᠨ ᠢ᠋ ᠪᠣᠳᠣᠬᠤ ᠪᠢᠵᠡ ᠭᠡᠰᠡᠨ ᠳ᠋ᠦ᠍᠂
— ᠠ᠋᠂ ᠳᠡᠭᠡᠯ ᠦᠭᠡᠢ ᠶᠠᠭᠠᠬᠢᠬᠤ ᠪᠣᠢ ᠭᠡᠵᠦ ᠮᠠᠨᠵᠤ ᠵᠠᠩᠵᠤᠨ ᠪᠡᠶ᠎ᠡ ᠪᠡᠨ ᠪᠠᠷᠢᠵᠤ ᠮᠡᠬᠦᠢᠰᠬᠢᠨ ᠬᠠᠷᠢᠭᠤᠯᠪᠠ᠃ ᠭᠦᠷᠬᠦᠮᠵᠠᠪ ᠸᠠᠩ᠂ ᠬᠦᠢ ᠵᠠᠩᠵᠤᠨ ᠤ᠋ ᠡᠮᠦᠨ᠎ᠡ 《ᠳᠡᠭᠦᠦ ᠶ᠋ᠢᠨ ᠵᠢᠷᠤᠮ ᠢ᠋》 ᠭᠦᠢᠴᠡᠳᠬᠡᠭᠡᠳ ᠰᠢᠨ᠎ᠡ ᠮᠣᠩᠭᠣᠯ ᠵᠠᠰᠠᠭ ᠤ᠋ᠨ ᠭᠠᠵᠠᠷ ᠤ᠋ᠨ ᠡᠮᠦᠨ᠎ᠡ ᠬᠢᠴᠢᠶᠡᠩᠭᠦᠢᠯᠡᠨ ᠵᠢᠳᠬᠦᠵᠦ ᠪᠠᠢᠭ᠎ᠠ ᠪᠠᠢᠳᠠᠯ ᠢ᠋ ᠦᠵᠡᠭᠦᠯᠵᠦ᠂ ᠮᠠᠨᠵᠤ ᠲᠦᠰᠢᠮᠡᠯ ᠡᠴᠡ ᠲᠤᠰ ᠰᠠᠩ ᠤ᠋ᠨ ᠬᠣᠲᠠᠨ ᠳ᠋ᠠᠬᠢ ᠪᠦᠬᠦ ᠰᠠᠩ ᠬᠥᠮᠥᠷᠭᠡ ᠶ᠋ᠢᠨ ᠵᠦᠢᠯ ᠢ᠋ ᠴᠡᠷᠢᠭ ᠦ᠋ᠨ ᠠᠮᠤ ᠪᠤᠳᠠᠭ᠎ᠠ᠂ ᠲᠣᠷᠭ᠎ᠠ᠂ ᠴᠠᠭᠠᠨ ᠮᠥᠩᠭᠥ ᠬᠡᠳᠦ ᠬᠡᠴᠢᠨᠡᠨ ᠪᠠᠢᠭ᠎ᠠ ᠶ᠋ᠢ ᠪᠠᠢᠴᠠᠭᠠᠨ ᠦᠵᠡᠵᠦ᠂ ᠲᠣᠭ᠎ᠠ ᠶᠣᠰᠣᠭᠠᠷ ᠬᠦᠯᠢᠶᠡᠨ ᠠᠪᠴᠤ᠂ ᠬᠦᠷᠢᠶᠡᠨ ᠦ᠌ ᠵᠠᠰᠠᠭ ᠤ᠋ᠨ ᠭᠠᠵᠠᠷ ᠠ᠋ᠴᠠ ᠢᠷᠡᠬᠦ ᠲᠥᠯᠥᠭᠡᠨ ᠦ᠌ ᠬᠥᠮᠦᠨ ᠳ᠋ᠦ᠍ ᠲᠤᠰᠢᠶᠠᠬᠤ ᠳ᠋ᠤ᠌ ᠪᠡᠯᠡᠳᠬᠡᠭᠲᠦᠨ ᠭᠡᠵᠦ ᠭᠠᠷ ᠤ᠋ᠨ ᠳᠣᠣᠷᠠᠬᠢ ᠮᠣᠩᠭᠣᠯ ᠲᠦᠰᠢᠮᠡᠯ ᠳ᠋ᠦ᠍ ᠲᠤᠰᠢᠶᠠᠭᠠᠳ᠂ ᠮᠠᠨᠵᠤ ᠵᠠᠩᠵᠤᠨ ᠤ᠋ ᠵᠦᠭ ᠰᠡᠳᠬᠢᠯ ᠵᠣᠪᠠᠭᠰᠠᠨ ᠪᠠᠢᠳᠠᠯ ᠳᠦᠷᠢ ᠦᠵᠡᠭᠦᠯᠵᠦ ᠥᠭᠦᠯᠡᠷᠦᠨ᠄
— ᠬᠦᠷᠢᠶᠡᠨ ᠦ᠌ ᠶᠡᠷᠦᠩᠬᠡᠢᠯᠡᠨ ᠰᠢᠢᠳᠬᠡᠬᠦ ᠭᠠᠵᠠᠷ ᠠ᠋ᠴᠠ ᠴᠢᠩᠳᠠᠯᠠᠨ ᠲᠤᠰᠢᠶᠠᠭᠰᠠᠨ ᠨᠢ᠄ ᠲᠠᠨ ᠤ᠋ ᠪᠡᠶ᠎ᠡ ᠶ᠋ᠢ ᠮᠠᠨᠵᠤ ᠰᠠᠢᠳ ᠲᠦᠰᠢᠮᠡᠯ ᠦ᠋ᠨ ᠬᠠᠮᠲᠤ ᠪᠠᠷ ᠨᠤᠲᠤᠭ ᠲᠤ᠌ ᠪᠤᠴᠠᠭᠠᠨ ᠶᠠᠪᠤᠭᠤᠯ᠃ ᠬᠡᠷᠡᠭᠯᠡᠬᠦ ᠮᠣᠷᠢ ᠲᠡᠮᠡᠭᠡ ᠶ᠋ᠢ ᠰᠠᠩ ᠠ᠋ᠴᠠ ᠭᠠᠷᠭ᠎ᠠ ᠭᠡᠵᠦ ᠲᠤᠰᠢᠶᠠᠭᠰᠠᠨ᠂ ᠪᠠᠰᠠ ᠨᠢᠭᠡᠨ ᠤᠷᠤᠭᠰᠢ ᠦᠭᠡᠢ ᠮᠡᠳᠡᠭᠡ ᠶ᠋ᠢ ᠡᠷᠬᠢᠮ ᠠᠬ᠎ᠠ ᠳ᠋ᠤ᠌ ᠰᠣᠨᠣᠰᠬᠠᠬᠤ ᠶᠣᠰᠣᠲᠠᠢ ᠪᠣᠯᠪᠠ ᠭᠡᠪᠡᠯ ᠬᠦᠢ ᠵᠠᠩᠵᠤᠨ ᠥᠭᠦᠯᠡᠷᠦᠨ᠄
— ᠠ᠂ ᠲᠡᠷᠡ ᠪᠣᠯᠤᠯ ᠦᠭᠡᠢ ᠶᠠᠭᠠᠬᠢᠬᠤ ᠪᠣᠢ᠂ ᠪᠢ ᠴᠦ᠍ ᠬᠡᠷᠡᠭ ᠨᠢᠭᠡᠨᠲᠡ ᠡᠢᠮᠦ ᠪᠣᠯᠵᠤ᠂ ᠤᠯᠢᠶᠠᠰᠤᠲᠠᠢ ᠶ᠋ᠢᠨ ᠬᠥᠮᠦᠨ ᠠᠮᠢᠲᠠᠨ᠂ ᠨᠠᠳᠠᠳᠤ(ᠨᠠᠳᠠ ᠳ᠋ᠤ᠌) ᠳᠠᠢᠰᠤᠩᠨᠠᠨ ᠪᠠᠢᠭ᠎ᠠ ᠲᠤᠯᠠ ᠮᠢᠨᠦ ᠡᠨᠳᠡ ᠰᠠᠭᠤᠭᠰᠠᠨ ᠤ᠋ ᠬᠡᠷᠡᠭ ᠣᠭᠲᠣ ᠪᠠᠢᠬᠤ ᠦᠭᠡᠢ᠃ ᠭᠠᠭᠴᠠᠬᠦ(ᠭᠠᠭᠴᠠ ᠬᠦ᠌) ᠠᠪᠴᠤ ᠶᠠᠪᠤᠬᠤ ᠨᠣᠪᠰᠢ ᠪᠠᠨ ᠲᠣᠢᠮᠣ ᠲᠠᠢ ᠪᠣᠯᠭᠠᠵᠤ᠂ ᠮᠥᠨ ᠣᠷᠣᠰ ᠺᠣᠨᠰᠤᠯ ᠲᠠᠢ ᠶᠠᠷᠢᠵᠤ ᠲᠣᠭᠲᠠᠬᠤ ᠲᠤᠬᠠᠢ ᠶ᠋ᠢᠨ ᠬᠡᠳᠦᠨ ᠬᠣᠨᠣᠭ ᠤ᠋ᠨ ᠴᠢᠯᠥᠭᠡ ᠨᠠᠳᠠᠳᠤ(ᠨᠠᠳᠠ ᠳ᠋ᠤ᠌) ᠣᠯᠭᠣᠨ ᠰᠣᠶᠣᠷᠬᠠᠨᠠᠤ(ᠰᠣᠶᠣᠷᠬᠠᠨ᠎ᠠ ᠤᠤ)᠃ ᠪᠢ ᠣᠷᠣᠰ ᠺᠣᠨᠰᠤᠯ ᠲᠠᠢ ᠬᠡᠯᠡᠯᠴᠡᠨ᠂ ᠬᠥᠰᠢᠶ᠎ᠡ ᠮᠣᠳᠣ ᠪᠠᠷ ᠨᠡᠪᠲᠡᠷᠡᠵᠦ᠂ ᠰᠢᠪᠢᠷ ᠦ᠋ᠨ (ᠰᠢᠪᠧᠷᠢᠶ᠎ᠡ ᠶ᠋ᠢᠨ) ᠲᠡᠮᠦᠷ ᠵᠠᠮ ᠢ᠋ᠶ᠋ᠠᠷ ᠳᠤᠮᠳᠠᠳᠤ ᠤᠯᠤᠰ ᠲᠤ᠌ ᠪᠤᠴᠠᠬᠤ ᠲᠤᠬᠠᠢ᠂ ᠣᠷᠣᠰ ᠤᠯᠤᠰ ᠤ᠋ᠨ ᠬᠢᠯᠢ ᠨᠡᠪᠲᠡᠷᠡᠬᠦ ᠵᠥᠪᠰᠢᠶᠡᠷᠡᠯ ᠣᠯᠵᠤ ᠠᠪᠬᠤ ᠶ᠋ᠢᠨ ᠬᠡᠳᠦᠨ ᠬᠣᠨᠣᠭ ᠤ᠋ᠨ ᠴᠢᠯᠥᠭᠡ ᠭᠤᠶᠤᠶ᠎ᠠ᠃ ᠪᠢ ᠪᠠᠰᠠ ᠣᠷᠣᠰ ᠬᠢᠯᠢ ᠬᠦᠷᠲᠡᠯ᠎ᠡ᠂ ᠡᠨᠳᠡᠬᠢ ᠶ᠋ᠢᠨ ᠣᠷᠣᠰ ᠺᠣᠨᠰᠣᠯ ᠠ᠋ᠴᠠ ᠪᠡᠶ᠎ᠡ ᠬᠠᠮᠠᠭᠠᠯᠠᠬᠤ ᠬᠡᠳᠦᠨ ᠣᠷᠣᠰ ᠺᠠᠽᠠᠭ ᠴᠡᠷᠢᠭ ᠭᠤᠶᠤᠵᠤ ᠣᠯᠬᠤ ᠰᠠᠨᠠᠭ᠎ᠠ ᠲᠠᠢ ᠪᠢᠯᠡ᠃ ᠡᠷᠬᠢᠮ ᠳᠡᠭᠦᠦ᠂ ᠡᠨᠡ ᠲᠤᠬᠠᠢ ᠶᠠᠭᠤ ᠭᠡᠵᠦ ᠪᠣᠯᠭᠠᠵᠤ( ᠪᠣᠯᠭᠣᠭᠠᠵᠤ ) ᠪᠠᠢᠨ᠎ᠠ ᠪᠣᠢ? ᠭᠡᠪᠡᠯ ᠭᠦᠷᠬᠦᠮᠵᠠᠪ ᠮᠡᠬᠦᠢᠰᠬᠢᠨ᠂
— ᠡᠷᠬᠢᠮ ᠠᠬ᠎ᠠ ᠶ᠋ᠢᠨ ᠰᠠᠨᠠᠭ᠎ᠠ᠂ ᠮᠢᠨᠦ ᠰᠠᠨᠠᠭ᠎ᠠ ᠲᠠᠢ ᠶᠠᠪ ᠴᠠᠪ ᠨᠡᠢᠯᠡᠪᠡ ᠭᠡᠵᠦ ᠬᠠᠷᠢᠭᠤᠯᠪᠠ᠃ ᠤᠳᠠᠯ ᠦᠭᠡᠢ ᠲᠡᠷᠡ ᠡᠳᠦᠷ ᠲᠡᠭᠡᠨ( ᠲᠤ ᠪᠡᠨ)᠂ ᠮᠠᠨᠵᠤ ᠵᠠᠩᠵᠤᠨ ᠰᠠᠢᠳ᠂ ᠲᠦᠰᠢᠮᠡᠯ ᠰᠢᠭᠤᠪᠠᠩ ᠤ᠋ᠨ ᠠᠷᠤ ᠭᠡᠷ ᠦ᠋ᠨ ᠬᠥᠮᠦᠨ᠂ ᠡᠯᠳᠡᠪ ᠶᠠᠭᠤᠮ᠎ᠠ ᠬᠡᠷᠡᠭᠯᠡᠯ ᠢ᠋ ᠡᠯᠵᠢᠭᠡ ᠯᠠᠭᠤᠰᠠ ᠲᠠᠢ ᠶᠡᠬᠡ ᠲᠡᠷᠭᠡᠨ ᠳ᠋ᠦ᠍ ᠠᠴᠢᠵᠤ ᠭᠣᠮᠪᠤᠰᠦ᠋ᠷᠦᠩ ᠵᠠᠩᠵᠤᠨ ᠤ᠋ ᠴᠡᠷᠢᠭ ᠢ᠋ᠶ᠋ᠡᠷ ᠬᠠᠮᠠᠭᠠᠯᠠᠭᠤᠯᠤᠨ ᠬᠤᠳᠠᠯᠳᠤᠭᠠᠨ ᠤ᠋ ᠬᠣᠲᠠᠨ ᠳ᠋ᠤ᠌ ᠨᠡᠭᠦᠨ ᠣᠴᠢᠪᠠ᠃
ᠤᠯᠢᠶᠠᠰᠤᠲᠠᠢ ᠬᠣᠲᠠᠨ ᠤ᠋ ᠶᠠᠳᠠᠭᠤᠰ᠂ ᠰᠠᠩ ᠤ᠋ᠨ ᠬᠣᠲᠠᠨ ᠳ᠋ᠠᠬᠢ ᠰᠠᠩ ᠬᠥᠮᠥᠷᠭᠡ ᠡᠴᠡ ᠣᠯᠵᠠ ᠣᠯᠳᠠᠬᠤ ᠮᠠᠭᠠᠳ ᠦᠭᠡᠢ ᠭᠡᠵᠦ ᠴᠠᠢᠵᠠ ᠶ᠋ᠢᠨ ᠵᠦᠭ ᠶᠠᠭᠠᠷᠠᠨ ᠳᠠᠭᠠᠷᠢᠨ ᠣᠷᠣᠵᠤ ᠢᠷᠡᠭᠡᠳ ᠦᠵᠡᠪᠡᠯ᠂ ᠭᠠᠵᠠᠷ ᠪᠦᠷᠢ ᠮᠣᠩᠭᠣᠯ ᠴᠡᠷᠢᠭ ᠭᠠᠷᠭᠠᠵᠤ ᠪᠠᠲᠤᠯᠠᠨ ᠰᠠᠬᠢᠭᠤᠯᠤᠭᠰᠠᠨ ᠠᠵᠢ᠃ ᠲᠡᠭᠡᠭᠡᠳ᠂ ᠲᠡᠨᠳᠡᠴᠡ(ᠲᠡᠨᠳᠡ ᠡᠴᠡ) ᠬᠤᠳᠠᠯᠳᠤᠭᠠᠨ ᠤ᠋ ᠬᠣᠲᠠᠨ ᠤ᠋ ᠵᠦᠭ ᠴᠢᠭᠯᠡᠵᠦ᠂ ᠮᠥᠩᠭᠥ ᠬᠦᠦᠯᠡᠵᠦ ᠬᠣᠰᠢᠭᠤ ᠣᠯᠠᠨ ᠢ᠋ ᠲᠠᠰᠤ ᠠᠳᠬᠤᠵᠤ ᠪᠠᠢᠭᠰᠠᠨ ᠬᠡᠳᠦᠨ ᠫᠦᠰᠡ ᠶ᠋ᠢ ᠲᠠᠯᠠᠵᠠᠢ᠃ ᠵᠠᠷᠢᠮ ᠬᠤᠳᠠᠯᠳᠤᠭᠠᠴᠢᠨ ᠠᠶᠤᠨ ᠰᠠᠨᠳᠤᠷᠴᠤ᠂ ᠣᠷᠣᠰ ᠺᠣᠨᠰᠣᠯ᠂ ᠲᠠᠨᠢᠳᠠᠭ ᠣᠷᠣᠰ ᠬᠤᠳᠠᠯᠳᠤᠭᠠᠴᠢᠨ《ᠲᠤᠷᠭᠤᠪ》 ᠨᠠᠷ ᠠ᠋ᠴᠠ ᠥᠮᠥᠭ ᠭᠤᠶᠤᠵᠤ᠂ ᠣᠯᠠᠨ ᠤ᠋ ᠬᠠᠯᠳᠠᠬᠤ ᠳ᠋ᠤ᠌ ᠬᠦᠷᠪᠡᠯ ᠲᠡᠩᠬᠡᠷᠡᠭᠦᠯᠬᠦ ᠶ᠋ᠢ ᠡᠷᠢᠵᠡᠢ᠃ ᠵᠠᠷᠢᠮ ᠨᠢᠭᠡᠨ ᠨᠢ ᠭᠦᠷᠬᠦᠮᠵᠠᠪ ᠸᠠᠩ᠂ ᠭᠣᠮᠪᠤᠰᠦ᠋ᠷᠦᠩ ᠸᠠᠩ᠂ ᠮᠥᠨ ᠲᠠᠨᠢᠬᠤ ᠮᠣᠩᠭᠣᠯ ᠲᠦᠰᠢᠮᠡᠯ ᠢ᠋ ᠭᠤᠶᠤᠵᠤ ᠬᠡᠭᠡᠯᠢ ᠴᠢᠳᠬᠤᠪᠠ᠃ ᠪᠠᠰᠠ ᠨᠢᠭᠡᠨ ᠬᠡᠰᠡᠭ ᠨᠢ ᠤᠯᠢᠶᠠᠰᠤᠲᠠᠢ ᠶᠢᠨ ᠲᠠᠨᠢᠳᠠᠭ ᠡᠩ ᠦ᠋ᠨ ᠮᠣᠩᠭᠣᠯ ᠠᠢᠯ ᠤ᠋ᠨ ᠬᠥᠮᠦᠨ ᠢ᠋ ᠭᠤᠶᠤᠵᠤ᠂ ᠳᠡᠭᠡᠷᠡᠮ ᠲᠣᠨᠣᠭᠤᠯ ᠠ᠋ᠴᠠ ᠠᠪᠤᠷᠠᠬᠤ ᠶ᠋ᠢ ᠭᠤᠶᠤᠪᠠ᠃ ᠯᠠᠮᠠ ᠶ᠋ᠢᠨ ᠭᠡᠭᠡᠬᠡᠨ (ᠭᠡᠭᠡᠨ) ᠦ᠌ ᠨᠢᠷᠪᠠ ᠲᠡᠷᠡ ᠦᠶᠡᠰ ᠤᠯᠢᠶᠠᠰᠤᠲᠠᠢ ᠳ᠋ᠤ᠌ ᠬᠦᠷᠴᠦ ᠢᠷᠡᠭᠰᠡᠨ ᠳ᠋ᠦ᠍᠂ ᠪᠠᠰᠠ ᠲᠡᠭᠦᠨ ᠢ᠋ ᠭᠤᠶᠤᠵᠤ ᠠᠷᠭᠠᠳᠠᠬᠤ ᠳ᠋ᠠᠩᠵᠢᠶᠠᠳᠠ(ᠳᠠᠩᠵᠢᠶᠠᠳ) ᠣᠯᠠᠨ ᠭᠠᠷᠪᠠ᠃
ᠶᠤᠸᠠᠨ ᠠᠮᠪᠠᠨ᠂ ᠮᠢᠨᠦ ᠠᠷᠤ ᠭᠡᠷ ᠦ᠋ᠨ ᠬᠥᠮᠦᠨ᠂ ᠮᠥᠨ ᠮᠢᠨᠦ ᠬᠠᠷᠢᠶᠠᠲᠤ ᠲᠦᠰᠢᠮᠡᠳ ᠦ᠋ᠨ ᠭᠡᠷᠭᠡᠢ ᠬᠡᠦᠬᠡᠳ᠂ ᠬᠥᠭᠰᠢᠨ ᠪᠠᠭᠤᠷᠠᠢ ᠬᠥᠮᠦᠨ ᠬᠡᠷᠬᠢᠪᠡᠴᠦ ᠬᠥᠬᠡᠭᠡ ᠡᠪᠦᠯ ᠦ᠋ᠨ ᠬᠦᠢᠲᠡᠨ ᠢ᠋ᠶ᠋ᠡᠷ ᠶᠠᠪᠤᠵᠤ ᠴᠢᠳᠠᠬᠤ ᠦᠭᠡᠢ᠂ ᠶᠡᠷᠦ ᠤᠯᠢᠶᠠᠰᠤᠲᠠᠢ ᠠ᠋ᠴᠠ ᠬᠠᠪᠤᠷ ᠪᠣᠯᠲᠠᠯ᠎ᠠ ᠶᠠᠪᠤᠵᠤ ᠴᠢᠳᠠᠰᠢ ᠦᠭᠡᠢ ᠭᠡᠵᠦ ᠰᠢᠭᠤᠳ ᠬᠡᠯᠡᠵᠦ᠂ ᠮᠣᠩᠭᠣᠯ ᠲᠦᠰᠢᠮᠡᠳ ᠢᠷᠡᠵᠦ ᠲᠡᠭᠦᠨ ᠢ᠋ ᠱᠠᠪᠳᠠᠨ(ᠰᠢᠪᠠᠳᠠᠨ) ᠱᠠᠭᠠᠷᠳᠠᠬᠤ ᠳ᠋ᠤ᠌᠂ ᠪᠢᠳᠡ ᠬᠡᠭᠡᠷ᠎ᠡ ᠴᠠᠰᠤᠨ ᠳ᠋ᠤ᠌ ᠣᠰᠤᠭᠤᠵᠤ ᠦᠬᠦᠬᠦᠭᠡᠳ (ᠦᠬᠦᠭᠡᠳ) ᠬᠡᠭᠡᠷ᠎ᠡ ᠶ᠋ᠢᠨ ᠬᠡᠷᠦᠮᠡᠯ ᠴᠢᠳᠬᠥᠷ ᠪᠣᠯᠵᠤ ᠴᠢᠳᠠᠬᠤ ᠦᠭᠡᠢ ᠭᠡᠵᠦ ᠬᠠᠷᠢᠭᠤᠯᠪᠠᠰᠤ᠂ ᠬᠦᠢ ᠵᠠᠩᠵᠤᠨ ᠬᠡᠳᠦᠢᠨᠡᠢ( ᠬᠡᠳᠦᠢᠨ ᠦ᠌) ᠵᠥᠪᠰᠢᠶᠡᠷᠡᠭᠰᠡᠨ ᠭᠡᠵᠦ ᠮᠣᠩᠭᠣᠯ ᠲᠦᠰᠢᠮᠡᠳ ᠦ᠋ᠨ ᠬᠡᠯᠡᠬᠦ ᠶ᠋ᠢ ᠰᠣᠨᠣᠰᠤᠭᠠᠳ᠂ ᠬᠦᠢ ᠵᠠᠩᠵᠤᠨ ᠢ᠋ ᠬᠠᠷᠢᠶᠠᠨ ᠥᠭᠦᠯᠡᠷᠦᠨ᠄
— ᠲᠡᠷᠡ ᠮᠠᠭᠤ ᠬᠠᠷ᠎ᠠ ᠲᠠᠮᠠᠬᠢᠴᠢ᠂ ᠬᠣᠭᠣᠯᠠ ᠶ᠋ᠢᠨ ᠲᠤᠯᠤᠮ ᠠ᠋ᠴᠠ ᠬᠠᠮᠤᠭ ᠭᠠᠢ ᠭᠠᠷᠴᠤ ᠪᠠᠢᠨ᠎ᠠ᠃ ᠲᠡᠷᠡ ᠳᠡᠪᠡᠯ ᠦ᠋ᠨ ᠡᠯᠭᠦᠭᠦᠷ᠂ ᠮᠢᠨᠦ ᠦᠭᠡ ᠳᠠᠭᠠᠭᠰᠠᠨ ᠪᠣᠯ᠂ ᠶᠠᠭᠠᠬᠢᠯ᠎ᠠ ᠭᠡᠵᠦ ᠴᠡᠷᠢᠭ ᠢ᠋ᠶ᠋ᠡᠨ ᠲᠠᠷᠬᠠᠭᠠᠨ ᠣᠷᠣᠭᠤᠯᠵᠤ ᠪᠠᠢᠬᠤ ᠪᠢᠯᠡ? ᠪᠠᠲᠤ ᠴᠠᠢᠵᠠᠨ ᠳ᠋ᠤ᠌ ᠬᠠᠪᠤᠷ ᠪᠣᠯᠲᠠᠯ᠎ᠠ ᠰᠡᠳᠬᠢᠯ ᠠᠮᠤᠷ ᠰᠠᠭᠤᠬᠤ ᠨᠥᠬᠥᠴᠡᠯ ᠪᠦᠷᠢᠨ ᠪᠠᠢᠭᠰᠠᠨ᠂ ᠶᠡᠷᠦ ᠲᠠᠨ ᠤ᠋ ᠮᠣᠩᠭᠣᠯ ᠴᠡᠷᠢᠭ ᠵᠢᠳᠠ᠂ ᠴᠠᠬᠢᠭᠤᠷ ᠫᠤᠤ ᠪᠠᠷᠢᠭᠠᠳ᠂ ᠪᠢᠳᠡᠨ ᠦ᠌ ᠴᠠᠢᠵᠠ ᠶ᠋ᠢ ᠪᠠᠢᠯᠳᠤᠬᠤ ᠭᠡᠵᠦ ᠶᠠᠭᠠᠬᠢᠬᠤ ᠪᠢᠯᠡ? ᠶᠠᠭᠠᠬᠢᠬᠤ ᠴᠤ᠌ ᠦᠭᠡᠢ ᠰᠠᠨ! ᠭᠡᠵᠦ ᠠᠮᠪᠠᠨ ᠴᠢᠷᠠᠢ ᠶ᠋ᠢ ᠪᠠᠷᠤᠢᠯᠭᠠᠨ ᠠᠭᠤᠷᠯᠠᠵᠤ᠂ ᠲᠡᠷᠡ ᠳᠡᠪᠡᠯ ᠦ᠋ᠨ ᠡᠯᠭᠦᠭᠦᠷ ᠪᠣᠯᠤᠭᠰᠠᠨ ᠠᠶᠤᠮᠠᠬᠠᠢ ᠤᠤᠯᠭᠠᠮᠴᠢ ᠬᠦᠢ᠂ ᠮᠣᠩᠭᠣᠯ ᠴᠡᠷᠢᠭ ᠦ᠋ᠨ ᠪᠡᠶ᠎ᠡ ᠶ᠋ᠢ ᠦᠵᠡᠬᠦ ᠡᠴᠡ ᠡᠮᠦᠨ᠎ᠡ᠂ ᠰᠡᠭᠦᠳᠡᠷ ᠡᠴᠡ ᠨᠢ ᠠᠶᠤᠵᠤ ᠪᠢᠳᠡᠨ ᠢ᠋ ᠢᠴᠢᠭᠡᠨ ᠭᠤᠲᠤᠭᠠᠪᠠ᠃ ᠲᠠ ᠨᠠᠷ ᠡᠷᠬᠡ ᠴᠢᠳᠠᠯ ᠴᠢᠨᠢ ᠬᠦᠷᠪᠡᠯ᠂ ᠨᠠᠮᠠᠶ᠋ᠢ (ᠨᠠᠮ᠎ᠠ ᠶ᠋ᠢ) ᠠᠯᠠᠪᠠᠯ ᠠᠯᠠ! ᠪᠢ ᠯᠡ ᠶᠠᠪᠤᠬᠤ ᠦᠭᠡᠢ ᠳᠠᠭ᠂ ᠲᠠ ᠨᠠᠷ ᠤ᠋ᠨ ᠨᠠᠮᠠᠶ᠋ᠢ(ᠨᠠᠮ᠎ᠠ ᠶ᠋ᠢ) ᠠᠯᠠᠬᠤ ᠠ᠋ᠴᠠ ᠡᠮᠦᠨ᠎ᠡ ᠪᠢ ᠤᠷᠢᠲᠠᠵᠤ᠂ ᠲᠡᠷᠡ ᠵᠢᠷᠦᠬᠡ ᠰᠥᠰᠥ ᠦᠭᠡᠢ ᠮᠠᠭᠤ ᠬᠦᠢ ᠶ᠋ᠢ ᠨᠢᠪᠰᠢᠷᠡᠲᠡᠯᠡ ᠵᠣᠳᠣᠵᠤ᠂ ᠴᠡᠭᠡᠵᠢ ᠳᠦᠭᠦᠷᠡᠩ ᠬᠣᠷᠣᠰᠤᠯ ᠢᠴᠡᠩᠭᠦᠷᠡᠯ (ᠢᠴᠢᠩᠭᠦᠷᠡᠯ) ᠵᠠᠩᠭᠢᠳᠤᠭᠰᠠᠨ ᠢ᠋ ᠪᠠᠭᠠᠬᠠᠨ ᠲᠠᠢᠯᠤᠶᠠ ᠭᠡᠵᠦ ᠪᠦᠳᠦᠭᠦᠨ ᠮᠢᠬᠠᠯᠢᠭ ᠪᠡᠶ᠎ᠡ ᠲᠡᠢ ᠮᠠᠨᠵᠤ ᠰᠠᠢᠳ ᠭᠠᠷ ᠢ᠋ᠶ᠋ᠠᠨ ᠵᠠᠩᠭᠢᠳᠤᠨ ᠪᠠᠵᠠᠵᠤ᠂ ᠮᠥᠷᠭᠥᠬᠦ ᠭᠡᠰᠡᠨ ᠦᠬᠡᠷ ᠰᠢᠭ ᠲᠣᠯᠣᠭᠠᠢ ᠪᠠᠨ ᠪᠥᠬᠥᠢᠨ᠂ ᠬᠦᠢ ᠵᠠᠩᠵᠤᠨ ᠢ᠋ ᠬᠠᠷᠢᠶᠠᠭᠰᠠᠭᠠᠷ ᠭᠤᠲᠤᠮᠵᠢᠨᠠ ᠭᠦᠶᠦᠨ ᠭᠠᠷᠪᠠ᠃
ᠮᠠᠨᠵᠤ ᠰᠠᠢᠳ ᠤ᠋ᠨ ᠲᠦᠷᠭᠡᠨ ᠠᠭᠤᠷ ᠲᠠᠢ ᠶ᠋ᠢ ᠬᠡᠳᠦᠢᠨᠡᠢ ᠮᠡᠳᠡᠬᠦ ᠮᠣᠩᠭᠣᠯ ᠲᠦᠰᠢᠮᠡᠳ᠂ ᠥᠭᠡᠳᠡ ᠥᠭᠡᠳᠡ ᠡᠴᠡ ᠪᠡᠨ ᠬᠠᠷᠠᠯᠴᠠᠭᠠᠳ᠂ ᠠᠮᠪᠠᠨ ᠤ᠋ ᠬᠣᠢᠨ᠎ᠠ ᠠ᠋ᠴᠠ ᠣᠷᠣᠰ ᠺᠣᠨᠰᠤᠯ ᠲᠠᠢ ᠬᠠᠮᠠᠷ ᠬᠠᠰᠢᠶᠠᠨ᠎ᠠ ᠪᠠᠭᠤᠭᠰᠠᠨ ᠬᠦᠢ ᠵᠠᠩᠵᠤᠨ ᠤ᠋ ᠭᠡᠷ ᠲᠦ᠍ ᠣᠴᠢᠪᠠᠯ᠂ ᠵᠠᠩᠵᠤᠨ ᠤ᠋ ᠬᠠᠰᠢᠶ᠎ᠠ ᠠ᠋ᠴᠠ ᠡᠮᠡᠰ ᠬᠡᠦᠬᠡᠳ ᠤᠬᠢᠯᠠᠬᠤ᠂ ᠬᠥᠮᠦᠨ ᠶᠣᠢᠯᠠᠬᠤ ᠪᠠᠷᠬᠢᠷᠠᠬᠤ ᠴᠢᠮᠡᠭᠡ ᠰᠣᠨᠣᠰᠤᠭᠳᠠᠭᠰᠠᠨ ᠳ᠋ᠤ᠌᠂ ᠬᠣᠷᠣᠰᠤᠯ ᠢᠴᠡᠩᠭᠦᠷᠡᠯ ᠵᠠᠩᠭᠢᠳᠤᠭᠰᠠᠨ ᠢ᠋ᠶ᠋ᠠᠨ ᠪᠠᠭᠠᠬᠠᠨ ᠲᠠᠢᠯᠤᠶᠠ ᠭᠡᠰᠡᠨ ᠦᠭᠡᠨ ᠳ᠋ᠡᠭᠡᠨ ᠪᠦᠳᠦᠭᠦᠨ ᠠᠮᠪᠠᠨ ᠬᠦᠷᠪᠡ ᠭᠡᠵᠦ ᠮᠡᠳᠡᠪᠡ᠃ ᠠᠰᠠᠷᠲᠤ ᠬᠠᠭᠠᠯᠭ᠎ᠠ ᠶ᠋ᠢ ᠨᠢ ᠲᠦᠯᠬᠢᠨ ᠲᠣᠭᠰᠢᠪᠠᠯ᠂ ᠬᠡᠳᠦᠢᠨᠡᠢ ᠳᠣᠲᠣᠷ᠎ᠠ ᠠ᠋ᠴᠠ ᠣᠨᠢᠰᠤᠯᠠᠭᠰᠠᠨ ᠲᠤᠯᠠ᠂ ᠮᠣᠩᠭᠣᠯ ᠲᠦᠰᠢᠮᠡᠳ᠂ ᠣᠷᠣᠰ ᠺᠣᠨᠰᠣᠯ ᠤ᠋ᠨ ᠳ᠋ᠤ᠌ ᠣᠷᠣᠵᠤ ᠤᠴᠢᠷ ᠢ᠋ ᠮᠡᠳᠡᠭᠳᠡᠶ᠎ᠡ ᠭᠡᠵᠦ ᠺᠣᠨᠰᠣᠯ ᠤ᠋ᠨ ᠬᠠᠰᠢᠶᠠᠨ ᠳ᠋ᠤ᠌ ᠣᠷᠣᠲᠠᠯ᠎ᠠ᠂ ᠵᠡᠷᠭᠡᠯᠡᠳᠡᠭᠡ ᠬᠠᠮᠠᠷ ᠬᠠᠰᠢᠶᠠᠨ᠎ᠠ ᠤᠬᠢᠯᠠᠬᠤ ᠪᠠᠷᠬᠢᠷᠠᠬᠤ᠂ ᠶᠣᠢᠯᠠᠬᠤ ᠴᠢᠷᠠᠯᠠᠬᠤ ᠳᠠᠭᠤ ᠴᠤᠤ ᠭᠠᠷᠬᠤ ᠳ᠋ᠤ᠌ ᠣᠷᠣᠰ ᠺᠣᠨᠰᠣᠯ ᠸᠠᠯᠢᠲ᠋ᠸᠷ ᠡᠨᠡ ᠶᠠᠭᠤ ᠪᠣᠯᠪᠠ ᠭᠡᠵᠦ ᠬᠡᠳᠦᠨ ᠺᠠᠽᠠᠭ ᠴᠡᠷᠢᠭ ᠳᠠᠭᠠᠭᠤᠯᠤᠨ᠂ ᠭᠠᠳᠠᠭ᠎ᠠ ᠭᠠᠷᠴᠤ ᠮᠣᠩᠭᠣᠯ ᠲᠦᠰᠢᠮᠡᠯ ᠡᠴᠡ ᠤᠴᠢᠷ ᠢ᠋ ᠣᠯᠵᠤ ᠰᠣᠨᠣᠰᠤᠭᠠᠳ᠂ ᠨᠢᠭᠡᠨ ᠺᠠᠽᠠᠭ ᠲᠤ᠌ ᠲᠤᠰᠢᠶᠠᠵᠤ᠂ ᠥᠨᠳᠥᠷ ᠬᠠᠰᠢᠶᠠᠨ ᠤ᠋ ᠬᠡᠳᠦᠨ ᠰᠤᠷᠭᠠᠭ ᠢ᠋ ᠴᠠᠪᠴᠢᠵᠤ᠂ ᠬᠥᠮᠦᠨ ᠣᠷᠣᠬᠤ ᠰᠦᠪᠡ ᠭᠠᠷᠭ᠎ᠠ ᠭᠡᠵᠦ ᠲᠤᠰᠢᠶᠠᠪᠠ᠃
ᠺᠠᠽᠠᠭ ᠴᠡᠷᠢᠭ ᠲᠤᠰᠢᠶᠠᠯ ᠢ᠋ ᠳᠠᠭᠠᠵᠤ᠂ ᠬᠡᠳᠦᠨ ᠰᠤᠷᠭᠠᠭ ᠢ᠋ ᠭᠱᠠᠨ ᠵᠠᠭᠤᠷ᠎ᠠ ᠴᠠᠪᠴᠢᠨ᠂ ᠬᠥᠮᠦᠨ ᠪᠠᠭᠲᠠᠬᠤ ᠰᠦᠪᠡ ᠭᠠᠷᠭᠠᠮᠠᠭᠴᠠ᠂ ᠺᠣᠨᠰᠣᠯ᠂ ᠺᠠᠽᠠᠭ ᠴᠡᠷᠢᠭ ᠮᠣᠩᠭᠣᠯ ᠲᠦᠰᠢᠮᠡᠳ ᠢ᠋ ᠳᠠᠭᠠᠭᠤᠯᠤᠨ᠂ ᠮᠠᠨᠵᠤ ᠵᠠᠩᠵᠤᠨ ᠤ᠋ ᠭᠡᠷ ᠲᠦ᠍ ᠣᠷᠣᠵᠤ ᠦᠵᠡᠪᠡᠯ᠂ ᠬᠢᠯᠢᠩ ᠪᠠᠳᠠᠷᠠᠭᠰᠠᠨ ᠮᠠᠨᠵᠤ ᠠᠮᠪᠠᠨ᠂ ᠬᠦᠢ ᠵᠠᠩᠵᠤᠨ ᠢ᠋ ᠠᠭᠤᠷᠰᠠᠨ ᠳᠦᠢᠪᠡᠭᠡᠵᠦ ᠰᠦᠢᠳ ᠬᠢᠵᠦ ᠪᠠᠢᠪᠠ᠃
ᠬᠦᠢ ᠵᠠᠩᠵᠤᠨ ᠤ᠋ ᠰᠠᠭᠤᠵᠤ ᠪᠠᠢᠭᠰᠠᠨ ᠪᠠᠢᠰᠢᠩ ᠤ᠋ᠨ ᠱᠠᠯ ᠤ᠋ᠨ (ᠱᠠᠯᠠ ᠶ᠋ᠢᠨ) ᠳᠡᠭᠡᠷ᠎ᠡ ᠬᠡᠮᠬᠡᠷᠬᠡᠢ ᠱᠠᠵᠠᠩ ᠸᠠᠭᠠᠷ ᠰᠠᠪᠠ᠂ ᠡᠪᠳᠡᠷᠬᠡᠢ ᠰᠠᠨᠳᠠᠯᠢ ᠰᠢᠷᠡᠭᠡ ᠡᠨᠳᠡ ᠲᠡᠨᠳᠡ ᠬᠡᠪᠲᠡᠵᠦ᠂ ᠬᠣᠶᠠᠷ ᠬᠥᠮᠦᠨ ᠨᠣᠴᠣᠯᠳᠤᠨ᠂ ᠬᠠᠮᠤᠭ ᠶᠠᠭᠤᠮ᠎ᠠ ᠰᠠᠨᠳᠠᠭᠠᠭᠰᠠᠨ ᠪᠠᠢᠳᠠᠯ ᠲᠠᠢ᠃ ᠪᠦᠳᠦᠭᠦᠨ ᠠᠮᠪᠠᠨ᠂ ᠤᠯᠠᠭᠠᠨ ᠨᠢᠯᠦᠭ ᠪᠣᠯᠤᠭᠰᠠᠨ ᠬᠦᠢ ᠶ᠋ᠢᠨ ᠳᠡᠭᠡᠷ᠎ᠡ ᠮᠣᠷᠳᠠᠵᠤ᠂ ᠠᠮᠠ ᠬᠠᠮᠬᠢᠯ ᠦᠭᠡᠢ ᠬᠠᠷᠢᠶᠠᠨ᠂ ᠮᠠᠭᠤ ᠵᠠᠩᠵᠤᠨ ᠤ᠋ ᠬᠤᠪᠴᠠᠰᠤ ᠬᠤᠨᠠᠷ ᠢ᠋ ᠤᠷᠠᠵᠤ ᠲᠠᠰᠤᠳᠠᠨ᠂ ᠨᠢᠭᠤᠷ ᠨᠢᠳᠦ ᠦᠭᠡᠢ ᠪᠠᠯᠪᠠᠨ ᠵᠠᠨᠴᠢᠵᠤ᠂ ᠠᠭᠤᠷᠤᠨ ᠳ᠋ᠠᠭᠠᠨ ᠪᠣᠯᠵᠤ ᠠᠮᠢᠰᠬᠤᠯ ᠪᠦᠲᠦᠵᠦ ᠳᠡᠪᠡᠯ ᠳ᠋ᠡᠭᠡᠨ ᠪᠠᠭᠲᠠᠬᠤ ᠦᠭᠡᠢ ᠲᠣᠭᠰᠢᠨ ᠰᠦᠷᠲᠡᠢ(ᠰᠦᠷ ᠲᠡᠢ) ᠦᠵᠡᠭᠳᠡᠪᠡ᠃ ᠪᠦᠳᠦᠭᠦᠨ ᠠᠮᠪᠠᠨ ᠤ᠋ ᠳᠡᠷᠭᠡᠳᠡ᠂ ᠲᠡᠭᠦᠨ ᠦ᠌ ᠭᠡᠷᠭᠡᠢ ᠬᠡᠦᠬᠡᠳ᠂ ᠵᠠᠷᠤᠴᠠ ᠡᠮᠡᠰ ᠤᠬᠢᠯᠠᠨ ᠰᠥᠭᠥᠳᠴᠦ᠂ ᠥᠷᠥᠰᠢᠶᠡ ᠨᠢᠭᠦᠯᠡᠰᠴᠦ᠂ ᠲᠠᠢᠳᠬᠤᠷᠠᠵᠤ ᠬᠠᠢᠷᠠᠯᠠ ᠭᠡᠵᠦ ᠲᠡᠷᠡ ᠬᠠᠰᠢᠶᠠᠨ ᠤ᠋ ᠡᠵᠡᠨ ᠳ᠋ᠠᠩᠵᠢᠶᠠᠳᠠ ᠶ᠋ᠢᠨ ᠬᠠᠮᠲᠤ ᠭᠠᠰᠢᠭᠤᠳᠠᠨ ᠭᠤᠶᠤᠵᠤ᠂ ᠪᠤᠳᠠᠭ᠎ᠠ ᠲᠣᠭᠰᠢᠬᠤ ᠲᠠᠬᠢᠶ᠎ᠠ ᠠᠳᠠᠯᠢ ᠳᠡᠮᠡᠢ ᠯᠡ ᠱᠠᠯ ᠢ(ᠱᠠᠯᠠ ᠶ᠋ᠢ) ᠲᠦᠰ ᠲᠦᠰ ᠮᠥᠷᠭᠥᠬᠦ ᠡᠴᠡ ᠪᠢᠰᠢ᠂ ᠠᠶᠤᠮᠰᠢᠭ ᠦᠭᠡᠢ ᠴᠢᠷᠦᠵᠦ(ᠴᠢᠷᠴᠦ) ᠰᠠᠯᠭᠠᠬᠤ ᠵᠢᠷᠦᠬᠡ ᠦᠭᠡᠢ ᠪᠠᠢᠵᠠᠢ*᠃
ᠺᠣᠨ᠌ᠰᠣᠯ ᠬᠡᠳᠦᠨ ᠺᠠᠽᠠᠭ ᠴᠡᠷᠢᠭ ᠲᠡᠢ ᠡᠯᠪᠡᠵᠦ ᠲᠣᠭᠰᠢᠨ ᠬᠢᠯᠢᠩᠲᠦ ᠠᠮᠪᠠᠨ ᠢ᠋᠂ ᠵᠣᠳᠣᠭᠤᠯᠵᠤ ᠪᠠᠢᠭ᠎ᠠ ᠵᠠᠩᠵᠤᠨ ᠤ᠋ ᠳᠡᠭᠡᠷ᠎ᠡ ᠡᠴᠡ ᠠᠷᠠᠢ ᠴᠢᠮᠠᠢ ᠭᠡᠵᠦ ᠴᠢᠷᠦᠵᠦ( ᠴᠢᠷᠴᠦ) ᠰᠠᠯᠭᠠᠭᠠᠳ᠂ ᠪᠦᠳᠦᠭᠦᠨ ᠠᠮᠪᠠᠨ ᠠᠭᠠᠬᠢᠯᠠᠨ ᠣᠭᠣᠭᠢᠯᠠᠵᠤ ᠬᠥᠯᠥᠰᠥ ᠪᠡᠨ ᠬᠠᠨᠴᠤᠢ ᠪᠠᠷ ᠠᠷᠴᠢᠭᠠᠳ ᠱᠠᠯ ᠤᠨ(ᠱᠠᠯᠠ ᠶ᠋ᠢᠨ) ᠳᠡᠭᠡᠷ᠎ᠡ ᠡᠴᠡ ᠪᠣᠰᠴᠤ᠂ ᠥᠨᠳᠡᠢᠬᠦ ᠴᠢᠳᠠᠯ ᠦᠭᠡᠢ ᠲᠡᠩᠬᠡᠭᠡ ᠪᠡᠨ ᠲᠠᠰᠤᠷᠠᠲᠠᠯ᠎ᠠ ᠵᠣᠳᠣᠭᠤᠯᠤᠭᠰᠠᠨ᠂ ᠬᠤᠪᠴᠠᠰᠤ ᠬᠤᠨᠠᠷ ᠢ᠋ᠶ᠋ᠠᠨ ᠤᠷᠠᠭᠤᠯᠵᠤ ᠪᠠᠷᠤᠭ ᠨᠢᠴᠦᠭᠦᠨ ᠱᠠᠯᠳᠠᠩ ᠪᠣᠯᠤᠭᠰᠠᠨ᠂ ᠰᠢᠯᠪᠤ ᠴᠣᠬᠢᠭᠤᠯᠵᠤ ᠴᠢᠰᠤ ᠨᠥᠵᠢ ᠪᠣᠯᠤᠭᠰᠠᠨ ᠵᠠᠩᠵᠤᠨ ᠤ᠋ ᠵᠦᠭ ᠶᠡᠬᠡᠯ᠎ᠡ ᠵᠠᠨᠤᠨ ᠬᠣᠷᠣᠰᠬᠤ ᠨᠢᠳᠦ ᠪᠡᠷ ᠭᠢᠯᠤᠢᠨ ᠬᠠᠷᠠᠬᠤ ᠳ᠋ᠤᠨᠢ ᠲᠡᠷᠡ ᠵᠠᠩᠵᠤᠨ ᠤ᠋ ᠭᠡᠷ ᠦ᠋ᠨ ᠵᠠᠷᠤᠴᠠ᠂ ᠶᠣᠢᠯᠠᠨ ᠬᠡᠪᠲᠡᠵᠦ ᠪᠠᠢᠭ᠎ᠠ ᠮᠠᠭᠤ ᠡᠵᠡᠨ ᠢ᠋ᠶ᠋ᠡᠨ ᠠᠭᠤᠷ ᠲᠠᠢ ᠠᠮᠪᠠᠨ ᠠ᠋ᠴᠠ ᠪᠤᠰᠢᠭᠤᠬᠠᠨ ᠬᠣᠯᠠᠳᠠᠭᠤᠯᠬᠤ ᠶ᠋ᠢ ᠬᠢᠴᠢᠶᠡᠵᠦ᠂ ᠳᠡᠮᠴᠢᠯᠡᠨ ᠡᠷᠭᠦᠵᠦ ᠥᠭᠡᠷ᠎ᠡ ᠪᠠᠢᠰᠢᠩ ᠳ᠋ᠤ᠌ ᠠᠪᠠᠴᠢᠪᠠᠯ᠂ ᠪᠦᠳᠦᠭᠦᠨ ᠠᠮᠪᠠᠨ᠄
— ᠴᠠ! ᠭᠡᠵᠦ ᠬᠠᠷᠬᠢᠷᠤᠨ ᠬᠠᠰᠬᠢᠷᠪᠠ᠃ ᠵᠠᠷᠤᠴᠠ ᠨᠠᠷ ᠲᠡᠷᠡ ᠦᠭᠡ ᠶ᠋ᠢ ᠰᠣᠨᠣᠰᠤᠭᠠᠳ᠂ ᠶᠠᠭᠠᠷᠠᠨ ᠴᠠᠢ ᠠᠪᠴᠢᠷᠠᠬᠤ ᠭᠡᠵᠦ ᠭᠦᠶᠦᠪᠡ᠃ ᠪᠦᠳᠦᠭᠦᠨ ᠠᠮᠪᠠᠨ ᠭᠠᠷ ᠴᠡᠴᠡᠷᠬᠢᠯᠡᠨ᠂ ᠰᠢᠲᠦ ᠪᠡᠷ ᠱᠠᠵᠠᠩ ᠠᠶᠠᠭ᠎ᠠ ᠶ᠋ᠢᠨ ᠢᠷᠮᠡᠭ ᠢ᠋ ᠲᠠᠵᠢᠭᠢᠨᠠᠭᠤᠯᠤᠭᠰᠠᠭᠠᠷ ᠬᠣᠶᠠᠷ ᠠᠶᠠᠭ᠎ᠠ ᠴᠠᠢ ᠤᠤᠭᠤᠭᠠᠳ ᠺᠣᠨ᠌ᠰᠣᠯ ᠤ᠋ᠨ ᠵᠦᠭ ᠥᠭᠦᠯᠡᠷᠦᠨ᠄
— ᠮᠠᠨᠠᠢ ᠤᠯᠤᠰ ᠤ᠋ᠨ ᠠᠯᠤᠰᠯᠠᠭᠰᠠᠨ ᠪᠥᠭᠯᠡᠭᠦᠦ ᠬᠢᠵᠠᠭᠠᠷ ᠲᠤ᠌ ᠵᠠᠩᠵᠤᠨ ᠤ᠋ ᠴᠣᠯᠠ ᠶ᠋ᠢ ᠪᠤᠵᠠᠷᠯᠠᠭᠴᠢ ᠡᠨᠡ ᠮᠠᠭᠤ ᠤᠢᠯᠠᠬᠠᠢ ᠶ᠋ᠢ ᠨᠡᠪᠰᠢᠷᠡᠲᠡᠯ᠎ᠡ ᠵᠣᠳᠣᠬᠤ ᠭᠡᠰᠡᠨ ᠪᠢᠯᠡ᠃ ᠲᠡᠷᠡ ᠮᠠᠭᠤ ᠠᠮᠢᠲᠠᠨ ᠢ᠋ ᠵᠠᠯᠬᠠᠭᠠᠨ ᠰᠤᠷᠭᠠᠵᠤ᠂ ᠡᠷᠬᠢᠮ ᠺᠣᠨᠰᠣᠯ ᠢ᠋ ᠬᠣᠯᠠ ᠠ᠋ᠴᠠ ᠤᠭᠲᠤᠬᠤ ᠵᠠᠪ ᠦᠭᠡᠢ ᠪᠠᠢᠭᠰᠠᠨ ᠲᠤᠯᠠ᠂ ᠶᠣᠰᠣ ᠠᠯᠳᠠᠭᠰᠠᠨ ᠢ᠋ ᠠᠭᠤᠴᠢᠯᠠᠬᠤ ᠠᠵᠢᠶᠠᠮᠤ ᠭᠡᠵᠦ ᠺᠣᠨᠰᠣᠯ ᠲᠠᠢ ᠦᠭᠡ ᠬᠡᠯᠡᠯᠴᠡᠬᠦ ᠳ᠋ᠡᠭᠡᠨ ᠪᠦᠳᠦᠭᠦᠨ ᠠᠮᠪᠠᠨ᠂ ᠵᠠᠩᠵᠤᠨ ᠢ᠋ ᠳᠠᠬᠢᠵᠤ ᠵᠠᠯᠬᠠᠭᠠᠨ ᠴᠡᠭᠡᠷᠯᠡᠭᠦᠯᠬᠦ ᠶ᠋ᠢ ᠭᠡᠯᠳᠦᠷᠢᠭᠦᠯᠦᠶ᠎ᠡ ᠭᠡᠵᠦ ᠺᠣᠨᠰᠣᠯ ᠳ᠋ᠤ᠌ ᠠᠮᠠ ᠥᠭᠴᠦ ᠮᠣᠩᠭᠣᠯ ᠲᠦᠰᠢᠮᠡᠳ᠂ ᠺᠣᠨᠰᠣᠯ ᠠᠮᠪᠠᠨ ᠬᠣᠶᠠᠷ ᠲᠤ᠌ ᠰᠠᠯᠬᠤ ᠶᠣᠰᠣ ᠬᠢᠵᠦ ᠲᠡᠷᠡ ᠬᠠᠰᠢᠶᠠᠨ ᠠ᠋ᠴᠠ ᠳᠠᠷᠤᠢ ᠭᠠᠷᠴᠤ᠂ ᠵᠣᠬᠢᠬᠤ ᠰᠠᠢᠳ ᠨᠠᠷ ᠲᠤ᠌ ᠦᠵᠡᠵᠦ ᠰᠣᠨᠣᠰᠤᠭᠰᠠᠨ ᠢ᠋ ᠠᠢᠯᠠᠳᠬᠠᠬᠤ ᠪᠠᠷ ᠣᠳᠪᠠ᠃
ᠤᠯᠢᠶᠠᠰᠤᠲᠠᠢ ᠳ᠋ᠠᠬᠢ ᠮᠣᠩᠭᠣᠯ ᠴᠡᠷᠢᠭ ᠦ᠋ᠨ ᠵᠠᠩᠵᠤᠨ ᠭᠣᠮᠪᠤᠰᠦ᠋ᠷᠦᠩ᠂ ᠠᠮᠪᠠᠨ ᠢ᠋ ᠡᠪᠦᠯ ᠥᠩᠭᠡᠷᠡᠬᠦ ᠡᠴᠡ ᠨᠡᠰᠢ ᠶᠠᠪᠤᠬᠤ ᠦᠭᠡᠢ ᠭᠡᠰᠡᠨ ᠢ᠋ ᠰᠣᠨᠣᠰᠤᠭᠠᠳ᠂ ᠤᠷᠢᠳᠤ ᠮᠠᠨᠵᠤ ᠨᠠᠷ ᠠ᠋ᠴᠠ ᠠᠶᠤᠵᠤ ᠤᠷᠭᠤᠭᠰᠠᠨ ᠭᠡᠮ ᠢ᠋ᠶ᠋ᠡᠨ ᠬᠦᠷᠢᠶᠡᠨ ᠦ᠌ ᠵᠠᠰᠠᠭ ᠤ᠋ᠨ ᠭᠠᠵᠠᠷ ᠤ᠋ᠨ ᠡᠮᠦᠨ᠎ᠡ ᠵᠠᠰᠠᠬᠤ ᠭᠡᠵᠦ ᠠᠮᠪᠠᠨ ᠢ᠋ ᠬᠠᠪᠴᠢᠨ ᠵᠠᠢᠯᠠᠭᠤᠯᠬᠤ ᠪᠠᠷ ᠲᠣᠭᠲᠠᠵᠤ᠂ ᠲᠡᠭᠦᠨ ᠦ᠌ ᠬᠠᠭᠠᠯᠭᠠᠨ ᠤ᠋ ᠡᠮᠦᠨ᠎ᠡ ᠬᠡᠳᠦᠨ ᠠᠷᠪᠠᠨ ᠴᠡᠷᠢᠭ ᠵᠢᠭᠰᠠᠭᠠᠵᠤ᠂ ᠬᠣᠶᠠᠷ ᠴᠠᠭ ᠳᠣᠳᠣᠮ ᠳ᠋ᠤ᠌ ᠬᠠᠯᠠ ᠠᠪᠬᠠᠭᠤᠯᠵᠤ ᠪᠠᠢᠪᠠ᠃ ᠪᠦᠳᠦᠭᠦᠨ ᠠᠮᠪᠠᠨ ᠤ᠋ ᠬᠠᠭᠠᠯᠭᠠᠨ ᠤ᠋ ᠡᠮᠦᠨ᠎ᠡ ᠵᠢᠭᠰᠠᠭᠰᠠᠨ ᠲᠡᠷᠡ ᠴᠡᠷᠢᠭ᠂ ᠫᠤᠤ ᠶ᠋ᠢᠨ ᠰᠤᠷᠭᠠᠭᠤᠯᠢ ᠬᠢᠵᠦ᠂ ᠵᠠᠮᠠᠭ ᠢ᠋ ᠳᠡᠰ ᠨᠢᠰ ᠬᠢᠯᠭᠡᠬᠦ᠂ ᠪᠦᠷᠢᠶ᠎ᠡ ᠦᠯᠢᠶᠡᠬᠦ᠂ ᠫᠤᠤᠵᠢᠩ ᠲᠠᠯᠪᠢᠬᠤ ᠵᠡᠷᠭᠡ ᠪᠡᠷ ᠰᠦᠷ ᠪᠠᠳᠠᠷᠠᠭᠤᠯᠤᠨ᠂ ᠬᠠᠰᠢᠶᠠᠨ ᠳ᠋ᠤ᠌ ᠣᠷᠣᠭᠰᠠᠨ ᠭᠠᠷᠤᠭᠰᠠᠨ ᠬᠥᠮᠦᠨ ᠢ᠋ ᠵᠣᠭᠰᠣ ᠶᠠᠭᠤᠨ ᠠᠮᠢᠲᠠᠨ ᠪᠣᠢ? ᠭᠡᠵᠦ ᠬᠠᠰᠬᠢᠷᠤᠨ ᠳᠠᠭᠤᠳᠠᠬᠤ ᠪᠣᠯᠤᠭᠰᠠᠨ ᠳ᠋ᠤ᠌ ᠠᠮᠪᠠᠨ ᠤ᠋ ᠭᠡᠷ ᠦ᠋ᠨ ᠬᠥᠮᠦᠰ᠂ ᠪᠢᠴᠢᠭᠡᠴᠢ᠂ ᠲᠦᠰᠢᠮᠡᠯ᠂ ᠵᠠᠷᠤᠴᠠ ᠨᠠᠷ ᠠᠶᠤᠨ ᠡᠮᠢᠶᠡᠵᠦ᠂ ᠦᠭᠡ ᠳᠠᠭᠠᠬᠤ ᠦᠭᠡᠢ ᠲᠡᠷᠡ ᠠᠮᠪᠠᠨ ᠢ᠋ ᠭᠣᠶᠣᠭᠰᠠᠭᠠᠷ ᠬᠣᠢᠲᠤ ᠡᠳᠦᠷ ᠨᠢ ᠠᠷᠭᠠᠳᠠᠵᠤ ᠶᠠᠪᠤᠬᠤ ᠳᠠᠰᠢ ᠬᠠᠨᠳᠤᠭᠤᠯᠤᠭᠰᠠᠨ ᠳ᠋ᠤ᠌᠂ ᠬᠡᠳᠦ ᠬᠣᠨᠣᠭᠰᠠᠨ ᠤ᠋ ᠰᠡᠭᠦᠯᠡᠷ ᠠᠮᠪᠠᠨ ᠤ᠋ ᠬᠠᠰᠢᠶᠠᠨ ᠠ᠋ᠴᠠ ᠳᠤᠮᠳᠠᠳᠤ ᠤᠯᠤᠰ ᠲᠤ᠌ ᠡᠭᠡᠬᠦ ᠲᠡᠷᠡ ᠠᠮᠪᠠᠨ ᠪᠢᠴᠢᠭᠡᠴᠢ ᠲᠦᠰᠢᠮᠡᠯ ᠦ᠋ᠨ ᠶᠠᠭᠤᠮ᠎ᠠ ᠠᠴᠢᠭᠰᠠᠨ ᠰᠠᠩ ᠤ᠋ᠨ ᠲᠡᠮᠡᠭᠡ ᠴᠤᠪᠤᠷᠢᠨ ᠭᠠᠷᠤᠭᠰᠠᠨ ᠢ᠋ ᠤᠯᠢᠶᠠᠰᠤᠲᠠᠢ ᠶ᠋ᠢᠨ ᠬᠥᠮᠦᠨ ᠰᠣᠨᠢᠷᠬᠠᠨ ᠬᠠᠷᠠᠪᠠᠯ᠂ ᠬᠢᠯᠢ ᠬᠦᠷᠲᠡᠯ᠎ᠡ ᠬᠠᠷᠠᠭᠠᠯᠵᠠᠬᠤ ᠮᠣᠩᠭᠣᠯ ᠴᠡᠷᠢᠭ ᠳᠠᠭᠠᠯᠳᠤᠭᠰᠠᠨ ᠬᠥᠰᠬᠡ ᠬᠥᠳᠡᠯᠬᠦ ᠳ᠋ᠦ᠍᠂ ᠪᠦᠳᠦᠭᠦᠨ ᠠᠮᠪᠠᠨ ᠬᠠᠲᠠᠭᠤ ᠠᠮᠠ ᠲᠠᠢ ᠬᠡᠪ ᠢ᠋ᠶ᠋ᠡᠷ ᠢ᠋ᠶ᠋ᠡᠨ ᠠᠵᠢ᠃ ᠲᠣᠮᠣ ᠠᠲᠠᠨ ᠲᠡᠮᠡᠭᠡ ᠤᠨᠤᠵᠤ ᠬᠠᠰᠢᠶᠠᠨ ᠠ᠋ᠴᠠ ᠭᠠᠷᠬᠤ ᠳ᠋ᠠᠭᠠᠨ᠂ ᠲᠡᠭᠦᠨ ᠡᠴᠡ ᠡᠮᠦᠨ᠎ᠡ ᠬᠥᠰᠢᠶ᠎ᠡ ᠮᠣᠳᠣ ᠪᠠᠷ ᠨᠡᠪᠲᠡᠷᠡᠨ ᠭᠠᠷᠬᠤ ᠭᠡᠵᠦ ᠮᠣᠷᠳᠠᠭᠰᠠᠨ ᠬᠦᠢ ᠵᠠᠩᠵᠤᠨ᠂ ᠵᠢᠴᠢ ᠮᠣᠩᠭᠣᠯ ᠰᠠᠢᠳ ᠭᠦᠷᠭᠦᠮᠵᠠᠪ᠂ ᠮᠣᠩᠭᠣᠯ ᠵᠠᠩᠵᠤᠨ ᠭᠣᠮᠪᠤᠰᠦ᠋ᠷᠦᠩ ᠨᠠᠷ ᠢ᠋ ᠵᠦᠬᠡᠨ ᠬᠠᠷᠢᠶᠠᠭᠰᠠᠭᠠᠷ ᠭᠠᠷᠴᠠᠢ᠃ ᠤᠯᠢᠶᠠᠰᠤᠲᠠᠢ ᠶ᠋ᠢᠨ ᠰᠡᠭᠦᠯᠴᠢ ᠶ᠋ᠢᠨ ᠮᠠᠨᠵᠤ ᠠᠮᠪᠠᠨ ᠤ᠋ ᠮᠣᠷᠳᠠᠬᠤ ᠶ᠋ᠢ ᠬᠠᠷᠠᠬᠤ ᠭᠡᠵᠦ ᠴᠤᠭᠯᠠᠭᠰᠠᠨ ᠬᠢᠲᠠᠳ ᠮᠣᠩᠭᠣᠯ ᠤ᠋ᠨ ᠳᠤᠮᠳᠠ ᠵᠣᠭᠰᠣᠵᠤ ᠪᠠᠢᠭᠰᠠᠨ ᠡᠪᠦᠭᠡᠨ ᠯᠣᠣᠵᠠᠩ᠂ ᠠᠮᠪᠠᠨ ᠤ᠋ ᠲᠡᠭᠡᠵᠦ ᠠᠭᠠᠰᠢᠯᠠᠬᠤ ᠶ᠋ᠢ ᠦᠵᠡᠭᠡᠳ᠂
— ᠮᠥᠨ ᠴᠦ᠍ ᠬᠠᠷ᠎ᠠ ᠦᠰᠦᠲᠦ ᠡᠪᠦᠭᠡᠨ ᠠᠵᠢ᠃ ᠶᠠᠭᠠᠬᠢᠭᠰᠠᠨ ᠠᠭᠤᠷ ᠲᠠᠢ ᠬᠥᠮᠦᠨ ᠪᠣᠢ! ᠠᠷᠠᠳ ᠤ᠋ᠨ ᠬᠦᠵᠦᠭᠦᠨ ᠳᠡᠭᠡᠷ᠎ᠡ ᠮᠣᠷᠳᠠᠭᠠᠳ ᠪᠠᠢᠳᠠᠭ ᠭᠠᠢᠬᠠᠯ ᠤ᠋ᠳ ᠤ᠋ᠨ ᠬᠠᠮᠤᠭ ᠤ᠋ᠨ ᠰᠡᠭᠦᠯᠴᠢᠬᠢ ᠶ᠋ᠢ ᠢᠩᠭᠢᠵᠦ ᠬᠣᠪᠬᠣᠷᠠᠨ ᠠᠷᠢᠯᠵᠤ ᠪᠠᠢᠬᠤ ᠶ᠋ᠢ ᠦᠵᠡᠬᠦ ᠴᠠᠭ ᠢᠷᠡᠭᠡᠰᠡᠢ! ᠭᠡᠵᠦ ᠥᠭᠦᠯᠡᠪᠡ᠃
— — — —
* ᠸᠠᠷᠶᠧ᠂ ᠴᠡᠷᠢᠭ ᠢ᠋ ᠮᠢᠨᠢ ᠪᠤᠴᠠᠭᠠᠵᠤ ᠥᠭ ᠭᠡᠰᠡᠨ ᠦᠭᠡ᠃ ᠡᠷᠲᠡᠨ ᠦ᠌ ᠷᠢᠮ ᠤᠯᠤᠰ ᠤ᠋ᠨ ᠠᠪᠭᠦᠰᠲ᠋ ᠬᠠᠭᠠᠨ ᠤ᠋ ᠵᠠᠩᠵᠤᠨ ᠸᠠᠷᠶᠧ᠂ ᠭᠸᠷᠮᠠᠨᠢ ᠶ᠋ᠢᠨ ᠠᠷᠮᠢ ᠶ᠋ᠢᠨ ᠵᠠᠩᠵᠤᠨ ᠳ᠋ᠤ᠌ ᠶᠡᠬᠡᠳᠡ ᠳᠠᠷᠤᠭᠳᠠᠵᠤ ᠴᠡᠷᠢᠭ ᠦ᠋ᠨ ᠬᠠᠮᠲᠤ ᠠᠮᠢ ᠦᠷᠡᠭᠳᠡᠭᠰᠡᠨ ᠪᠢᠯᠡ᠃ ᠠᠪᠭᠦᠰᠲ᠋ ᠲᠡᠷᠡ ᠮᠡᠳᠡᠭᠡ ᠶ᠋ᠢ ᠰᠣᠴᠢᠨ ᠰᠣᠨᠣᠰᠴᠤ᠂ ᠸᠠᠷᠶᠧ ᠸᠠᠷᠶᠧ ᠴᠡᠷᠢᠭ ᠢ᠋ ᠮᠢᠨᠢ ᠪᠤᠴᠠᠭᠠᠵᠤ ᠥᠭ ᠭᠡᠵᠦ ᠭᠠᠰᠢᠭᠤᠳᠠᠨ ᠳᠠᠭᠤᠨ ᠠᠯᠳᠠᠵᠠᠢ᠃ ᠲᠡᠷᠡ ᠦᠭᠡ ᠨᠢ ᠲᠡᠭᠦᠨ ᠡᠴᠡ ᠬᠣᠢᠰᠢ ᠣᠳᠣ ᠬᠦᠷᠲᠡᠯ᠎ᠡ ᠪᠢᠴᠢᠭ ᠵᠣᠬᠢᠶᠠᠯ ᠳ᠋ᠤ᠌ ᠰᠠᠨᠠᠮᠰᠠᠷ ᠦᠭᠡᠢ ᠳᠠᠷᠤᠭᠳᠠᠭᠰᠠᠨ ᠵᠦᠢᠯ ᠳ᠋ᠦ᠍ ᠬᠡᠷᠡᠭᠯᠡᠬᠦ ᠦᠭᠡ ᠪᠣᠯᠵᠠᠢ᠃
* ᠰᠠᠢᠨ ᠮᠠᠭᠤ᠂ ᠵᠥᠪ ᠪᠤᠷᠤᠭᠤ ᠶ᠋ᠢ ᠢᠯᠭᠠᠬᠤ ᠦᠭᠡᠢ ᠭᠡᠰᠡᠨ ᠤᠳᠬ᠎ᠠ᠃
* ᠦᠨᠡᠨ ᠬᠡᠷᠡᠭ᠃ ᠨᠢᠮᠠᠵᠠᠪ ᠪᠡᠢᠰᠡ ᠶ᠋ᠢᠨ ᠲᠡᠮᠳᠡᠭᠯᠡᠯ ᠳ᠋ᠦ᠍ ᠪᠣᠢ᠃
ᠦᠰᠦᠭ ᠠᠮᠢᠯᠠᠭᠤᠯᠤᠭᠴᠢ᠄ ᠰᠠᠷᠠᠨᠲᠤᠶᠠᠭ᠎ᠠ᠂ ᠣᠶᠤᠨᠪᠠᠲᠤ᠂ ᠤᠢᠭᠤᠷᠵᠢᠨ·ᠣᠳᠬᠣᠨᠪᠠᠪᠠ᠂
ᠣᠶᠤᠨᠪᠢᠯᠢᠭ᠌᠂ ᠮᠧᠢ ᠬᠤᠸᠠ᠂ ᠣᠭ᠌ᠶᠤ᠂ ᠪᠠᠳᠮᠠᠰᠡᠴᠡᠨ
ᠬᠢᠨᠠᠭᠴᠢ᠄ ᠪᠠᠳᠮᠠᠰᠡᠴᠡᠨ᠂ ᠲ· ᠬᠦᠮᠦᠵᠢᠯᠲᠦ᠂ ᠣᠳᠬᠣᠨᠴᠡᠴᠡᠭ᠂ ᠤᠢᠭᠤᠷᠵᠢᠨ·ᠣᠳᠬᠣᠨᠪᠠᠪᠠ᠂ ᠪᠠᠯ
ᠤᠩᠰᠢᠭᠴᠢ᠄ ᠨᠠᠰᠤᠨ᠌ᠦ᠌ᠯᠵᠡᠢ
