ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ –ᠬᠣᠶᠠᠳᠤᠭᠠᠷ ᠪᠦᠯᠦᠭ <ᠬᠣᠶᠠᠷ> Хан мунын сүүрс < доорд > – Мөнх зохиоов ᠂ Гутгаар бодь – Хоёрдугаар бүлэг <2> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ –ᠬᠣᠶᠠᠳᠤᠭᠠᠷ ᠪᠦᠯᠦᠭ <ᠬᠣᠶᠠᠷ> Хан мунын сүүрс < доорд > – Мөнх зохиоов ᠂ Гутгаар бодь – Хоёрдугаар бүлэг <2>

ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ –ᠬᠣᠶᠠᠳᠤᠭᠠᠷ ᠪᠦᠯᠦᠭ <ᠬᠣᠶᠠᠷ> Хан мунын сүүрс < доорд > – Мөнх зохиоов ᠂ Гутгаар бодь – Хоёрдугаар бүлэг <2>

ᠠᠩᠭᠢᠯᠠᠯ:ᠲᠤᠭᠤᠵᠢ ᠷᠣᠮᠠᠨ
2024-12-27

317

ᠭᠤᠲᠠᠭᠠᠷ ᠪᠣᠲᠢ – ᠬᠣᠶᠠᠳᠤᠭᠠᠷ ᠪᠦᠯᠦᠭ <ᠬᠣᠶᠠᠷ>


               ᠬᠣᠶᠠᠷ   

       ᠳᠣᠮᠣᠭ ᠰᠢᠤᠬᠠᠨ ᠶᠠᠷᠢᠭᠳᠠᠭᠠᠳ ᠪᠠᠢᠳᠠᠭ ᠮᠡᠷᠭᠡᠨ ᠴᠠᠭᠠᠨ ᠯᠠᠮᠠᠬᠠᠢ ᠮᠥᠷᠥ ᠪᠡᠷ ᠢ᠋ᠶ᠋ᠡᠨ ᠱᠠᠯᠳᠠᠩ᠂ ᠭᠤᠷ᠎ᠠ ᠶ᠋ᠢᠨ ᠢᠯᠭᠢᠨ ᠥᠮᠥᠳᠥ ᠲᠡᠢ᠂ ᠬᠥᠯ ᠨᠢᠴᠦᠭᠦᠨ ᠠᠵᠢ᠃ ᠵᠢᠯ ᠦ᠋ᠨ ᠳᠥᠷᠪᠡᠨ ᠤᠯᠠᠷᠢᠯ ᠳ᠋ᠤ᠌ ᠬᠡᠵᠢᠶᠡᠳᠡ ᠬᠥᠯ ᠨᠢᠴᠦᠭᠦᠨ ᠶᠠᠪᠤᠳᠠᠭ ᠵᠠᠩ ᠲᠠᠢ᠃ ᠡᠪᠦᠯ ᠦ᠋ᠨ ᠲᠡᠰᠬᠢᠮ᠎ᠡ ᠬᠦᠢᠲᠡᠨ ᠳ᠋ᠦ᠍ ᠴᠦ᠍ ᠴᠠᠰᠤ ᠤᠢᠮᠤᠵᠤ ᠶᠠᠪᠤᠳᠠᠭ᠃ ᠲᠡᠭᠦᠨ ᠦ᠌ ᠬᠥᠯ ᠦ᠋ᠨ ᠲᠠᠪᠠᠭ ᠨᠢ ᠭᠥᠷᠥᠭᠡᠰᠦ ᠠᠮᠢᠲᠠᠨ ᠤ᠋ ᠬᠣᠭᠢᠰᠣ ᠲᠤᠭᠤᠷᠠᠢ ᠰᠢᠭ᠋ ᠡᠪᠡᠷᠰᠢᠵᠦ ᠬᠤᠷᠤᠭᠤᠳ ᠤ᠋ᠨ ᠬᠢᠨᠢ ᠬᠢᠮᠤᠰᠤ ᠨᠢ ᠬᠦᠷᠲᠡᠯ᠎ᠡ ᠤᠷᠲᠤ ᠣᠷᠭᠣᠭᠠᠳ ᠳᠡᠰ ᠪᠦᠷᠭᠦᠳ ᠦ᠋ᠨ ᠬᠢᠮᠤᠰᠤ ᠰᠢᠭ᠋ ᠮᠤᠬᠢᠭᠠᠷ ᠬᠤᠷᠴᠠ ᠦᠵᠦᠭᠦᠷ ᠲᠡᠢ ᠪᠣᠯᠵᠠᠢ᠃ ᠲᠡᠷᠡ ᠡᠪᠡᠰᠦᠨ ᠡᠮ ᠮᠠᠯᠲᠠᠵᠤ ᠶᠠᠪᠤᠭᠠᠳ ᠨᠢᠭᠡ ᠡᠮ᠎ᠡ ᠣᠷᠬᠣᠳᠠᠢ ᠶ᠋ᠢᠨ ᠵᠡᠯ᠎ᠡ ᠣᠯᠵᠤ ᠦᠵᠡᠭᠡᠳ ᠦᠨᠳᠦᠰᠦ ᠶ᠋ᠢ ᠨᠢ ᠬᠠᠢᠨ ᠰᠠᠨᠳᠠᠯᠠᠵᠤ ᠪᠠᠢᠪᠠ᠃ ᠲᠡᠭᠡᠭᠡᠳ ᠬᠡᠦᠬᠡᠨ ᠬᠥᠮᠦᠨ ᠦ᠌ ᠨᠠᠷᠢᠬᠠᠨ ᠬᠠᠰ ᠴᠠᠭᠠᠨ ᠭᠠᠷ ᠰᠢᠭ᠋ ᠬᠡᠯᠪᠡᠷᠢᠲᠡᠢ ᠣᠷᠬᠣᠳᠠᠢ ᠶ᠋ᠢᠨ ᠲᠥᠮᠥᠰᠥ ᠶ᠋ᠢᠨ ᠰᠠᠬᠠᠯ ᠤ᠋ᠨ ᠬᠢᠨᠢ ᠰᠢᠷᠣᠢ ᠶ᠋ᠢ ᠭᠦᠪᠢᠵᠦ ᠠᠪᠤᠭᠠᠳ ᠪᠣᠰᠪᠠ᠃  
       — ᠵᠠ᠂ ᠶᠠᠪᠤᠶ᠎ᠠ! ᠭᠡᠳ ᠬᠥᠳᠡᠯᠬᠦ ᠳ᠋ᠦ᠍ ᠴᠠᠭᠠᠨ᠎ᠠ ᠨᠢ ᠱᠦᠷᠳ᠋ ᠭᠡᠬᠦ ᠴᠢᠮᠡᠭᠡ ᠭᠠᠷᠪᠠ᠃ ᠳᠠᠭᠤ ᠴᠢᠮᠡᠭᠡ ᠭᠠᠷᠤᠭᠰᠠᠨ ᠵᠦᠭ ᠵᠠᠩᠴᠤᠪ ᠠᠩᠴᠢᠨ ᠬᠥᠮᠦᠨ ᠦ᠌ ᠰᠡᠷᠭᠡᠭ ᠢ᠋ᠶ᠋ᠡᠷ ᠢ᠋ᠶ᠋ᠡᠨ ᠬᠢᠷᠳ᠋ᠬᠢᠨ ᠡᠷᠭᠢᠵᠦ ᠬᠠᠷᠠᠪᠠᠯ ᠶᠠᠭᠤ ᠴᠦ᠍ ᠦᠭᠡᠢ ᠪᠠᠢᠯ᠎ᠠ᠃ 
       ᠮᠡᠷᠭᠡᠨ ᠴᠠᠭᠠᠨ ᠯᠠᠮᠠᠬᠠᠢ ᠡᠮᠦᠨ᠎ᠡ ᠨᠢ ᠵᠠᠮ ᠭᠠᠷᠭᠠᠵᠤ ᠵᠠᠩᠴᠤᠪ ᠠᠷᠤ ᠠ᠋ᠴᠠ ᠨᠢ ᠪᠣᠷᠪᠢᠳᠠᠨ᠎ᠠ᠃ ᠨᠢᠭᠡ ᠬᠡᠰᠡᠭ ᠶᠠᠪᠤᠲᠠᠯ᠎ᠠ ᠲᠡᠭᠦᠨ ᠦ᠌ ᠠᠷᠤ ᠠ᠋ᠴᠠ ᠱᠦᠷ ᠱᠦᠷ ᠭᠡᠰᠡᠨ ᠬᠠᠢᠷ ᠴᠢᠯᠠᠭᠤ ᠬᠥᠳᠡᠯᠭᠡᠨ ᠮᠥᠯᠬᠥᠬᠦ ᠴᠢᠮᠡᠭᠡ ᠭᠠᠷᠬᠤ ᠶ᠋ᠢ ᠵᠠᠩᠴᠤᠪ ᠠᠨᠳᠠᠭᠰᠠᠨ ᠦᠭᠡᠢ ᠡᠷᠭᠢᠵᠦ ᠬᠠᠷᠠᠪᠠᠯ ᠨᠢᠭᠡ ᠲᠠᠯᠲᠤ ᠴᠢᠨᠣ᠎ᠠ ᠮᠥᠯᠬᠥᠭᠡ ᠪᠡᠷ ᠢ᠋ᠶ᠋ᠡᠨ ᠡᠮᠦᠨᠡᠰᠢ ᠮᠡᠯᠬᠢᠵᠦ ᠪᠠᠢᠯ᠎ᠠ᠃  
       — ᠪᠠᠭᠰᠢ ᠯᠠᠮᠠᠵᠠᠢ ᠠ᠋! ᠠᠷᠤ ᠳ᠋ᠤ᠌ ᠲᠠᠯᠲᠤ ᠮᠢᠷᠢᠶᠠᠵᠤ ᠪᠣᠢ! 
       — ᠬᠠᠮᠢᠶ᠎ᠠ ᠦᠭᠡᠢ! ᠴᠢ ᠥᠨᠥᠬᠢ ᠬᠥᠨᠳᠡᠯᠡᠰᠦᠨ ᠡᠭᠦᠷᠦᠭᠰᠡᠨ ᠬᠥᠬᠡ ᠲᠡᠮᠦᠷ ᠢ᠋ᠶ᠋ᠡᠨ ᠨᠠᠳᠠ ᠠᠯᠢ! ᠲᠡᠷᠡ ᠶᠠᠭᠤᠮᠠᠨ ᠳ᠋ᠤ᠌ ᠴᠢᠨᠢ ᠵᠢᠪᠡᠭᠦᠴᠡᠵᠦ ᠪᠠᠢᠭ᠎ᠠ ᠳᠠ!  
       — ᠪᠠᠭᠰᠢ ᠯᠠᠮᠠᠵᠠᠢ ᠠ᠋! ᠲᠡᠷᠡ ᠴᠢᠨᠢ ᠶᠠᠭ ᠬᠡᠭᠡᠷ᠎ᠡ ᠶ᠋ᠢᠨ ᠲᠠᠯᠲᠤ ᠪᠠᠢᠨ᠎ᠠ᠃ ᠬᠣᠶᠠᠷ ᠰᠣᠶᠣᠭ᠎ᠠ ᠨᠢ ᠭᠢᠯᠠᠯᠵᠠᠭᠠᠳ ᠲᠣᠭᠰᠢᠨ ᠬᠠᠷᠠᠴᠠ ᠲᠠᠢ᠁   
       — ᠴᠢ ᠥᠨᠥᠬᠢ ᠪᠡᠨ ᠳᠤᠭᠤᠢ ᠨᠠᠭᠠᠰᠢ ᠪᠠᠨ ᠠᠯᠢ!  
       ᠵᠠᠩᠴᠤᠪ ᠡᠨᠡ ᠬᠦ᠌ ᠡᠲᠡᠭᠡᠳ ᠴᠠᠭᠠᠨ ᠡᠪᠦᠭᠡᠨ ᠢ᠋ ᠳᠠᠭᠠᠵᠤ ᠶᠠᠪᠤᠬᠤ ᠳ᠋ᠠᠭᠠᠨ ᠭᠠᠢᠬᠠᠵᠤ᠂ ᠠᠷᠤ ᠠ᠋ᠴᠠ ᠦᠵᠡᠲᠡᠯ᠎ᠡ ᠲᠠᠯᠲᠤ ᠴᠢᠨᠣ᠎ᠠ ᠮᠢᠷᠢᠶᠠᠵᠤ ᠲᠠᠭᠠᠷᠢᠮᠠᠷ ᠲᠠᠭᠠᠷᠢᠮᠠᠷ ᠬᠡᠷᠴᠡᠭᠡᠢᠯᠡᠬᠦ ᠳ᠋ᠦ᠍ ᠪᠡᠯᠡᠬᠡᠨ ᠪᠠᠢᠭ᠎ᠠ ᠶ᠋ᠢ ᠬᠠᠷᠠᠬᠤ ᠴᠦ᠍ ᠦᠭᠡᠢ ᠪᠡᠷ《ᠬᠥᠨᠳᠡᠯᠡᠨ ᠲᠡᠮᠦᠷ ᠢ᠋ᠶ᠋ᠡᠨ ᠨᠠᠭᠠᠰᠢ ᠪᠠᠨ ᠠᠯᠢ!》 ᠭᠡᠳ ᠪᠠᠢᠳᠠᠭ ᠨᠢ ᠶᠠᠭᠤ ᠪᠣᠢ! ᠮᠢᠨᠦ ᠭᠠᠷ ᠳᠠᠬᠢ ᠵᠡᠪᠰᠡᠭ ᠢ᠋ ᠬᠤᠷᠢᠶᠠᠵᠤ ᠲᠠᠯᠲᠤ ᠴᠢᠨᠣ᠎ᠠ ᠪᠠᠷ ᠬᠢᠷᠢ ᠶ᠋ᠢ ᠮᠢᠨᠢ ᠦᠵᠡᠬᠦ ᠭᠡᠵᠦ ᠪᠠᠢᠭ᠎ᠠ ᠪᠢᠰᠢ ᠪᠢᠵᠡ! ᠭᠡᠵᠦ ᠰᠡᠵᠢᠭᠲᠡᠢ ᠪᠠᠢᠭᠰᠠᠨ ᠪᠣᠯᠪᠠᠴᠤ ᠠᠷᠭ᠎ᠠ ᠦᠭᠡᠢ ᠠᠪᠠ ᠶ᠋ᠢᠨ ᠫᠤᠤ ᠪᠠᠨ ᠴᠠᠭᠠᠨ ᠡᠪᠦᠭᠡᠨ ᠳ᠋ᠦ᠍ ᠥᠭᠪᠡ᠃ 
       ᠮᠡᠷᠭᠡᠨ ᠴᠠᠭᠠᠨ ᠯᠠᠮᠠᠬᠠᠢ᠂ ᠵᠠᠩᠴᠤᠪ ᠤ᠋ᠨ ᠠᠪᠠ ᠶ᠋ᠢᠨ ᠫᠤᠤ ᠶ᠋ᠢ ᠬᠣᠯᠠ ᠰᠢᠳᠡᠵᠦ ᠶᠠᠪᠤᠭᠤᠯᠪᠠ᠃  
       — ᠵᠠ᠂ ᠣᠳᠣ ᠴᠠᠭᠠᠳᠤᠬᠢ ᠴᠢᠨᠢ ᠨᠣᠮᠣᠬᠠᠷᠠᠪᠠ ᠤᠤ? 
       ᠵᠠᠩᠴᠤᠪ ᠡᠷᠭᠢᠵᠦ ᠬᠠᠷᠠᠪᠠᠯ ᠥᠨᠥᠬᠢ ᠳᠡᠯᠲᠦ ᠴᠢᠨᠣ᠎ᠠ ᠬᠠᠷᠢᠨ ᠰᠡᠭᠦᠯ ᠢ᠋ᠶ᠋ᠡᠨ ᠰᠢᠷᠪᠠᠬᠤᠢᠴᠠ ᠪᠣᠯᠵᠤ ᠬᠣᠲᠠᠴᠢ ᠨᠣᠬᠠᠢ ᠰᠢᠭ᠋ ᠬᠣᠢᠨ᠎ᠠ ᠠ᠋ᠴᠠ ᠨᠢ ᠱᠣᠭᠰᠢᠨ᠎ᠠ᠃ 
       — ᠨᠣᠮᠣᠬᠠᠨ ᠱᠣᠭᠰᠢᠵᠤ ᠪᠠᠢᠨ᠎ᠠ᠃ 
       — ᠵᠠ ᠲᠡᠭᠡᠪᠡᠯ ᠴᠢ ᠠᠵᠢᠭ ᠴᠦ᠍ ᠦᠭᠡᠢ ᠰᠢᠯᠤᠭᠤᠬᠠᠨ ᠶᠠᠪᠤᠭᠠᠳ ᠪᠠᠢ᠃ ᠪᠢᠲᠡᠭᠡᠢ ᠨᠠᠭᠠᠰᠢ ᠴᠠᠭᠠᠰᠢ ᠪᠠᠨ ᠬᠤᠯᠮᠠᠯᠵᠠᠭᠠᠳ ᠲᠡᠭᠦᠨ ᠦ᠌ ᠳᠤᠷ᠎ᠠ ᠦᠭᠡᠢ ᠶ᠋ᠢ ᠬᠦᠷᠭᠡ! ᠠᠵᠢᠭ ᠦᠭᠡᠢ᠂ ᠠᠵᠢᠭ ᠦᠭᠡᠢ ᠭᠡᠪᠡ᠃  
       — ᠵᠠ᠂ ᠮᠡᠳᠡᠯ᠎ᠡ᠃  
       — ᠡᠨᠡ ᠬᠦᠦ ᠶ᠋ᠢᠨ ᠨᠡᠷ᠎ᠡ ᠬᠡᠨ ᠭᠡᠪᠡ? 
       — ᠵᠠᠩᠴᠤᠪ! 
       — ᠵᠠᠩᠴᠤᠪ ᠠ᠋!  
       — ᠵᠠ! 
       — ᠮᠢᠨᠦ ᠰᠠᠭᠤᠳᠠᠭ ᠬᠡᠴᠡᠭᠦᠦ ᠬᠣᠩᠭᠢᠯ ᠮᠥᠨᠥᠬᠡᠨ ᠳᠣᠣᠷ᠎ᠠ ᠪᠣᠢ᠃ ᠬᠠᠶᠠᠭᠠᠨ ᠳ᠋ᠤ᠌ ᠳᠣᠯᠣᠭᠠᠨ ᠪᠡᠯᠲᠡᠷᠭᠡ ᠲᠡᠢ ᠭᠢᠴᠢᠢ ᠬᠡᠪᠲᠡᠵᠦ ᠪᠠᠢᠬᠤ ᠪᠣᠢ᠃ ᠪᠡᠯᠲᠡᠷᠭᠡ ᠪᠡᠨ ᠬᠠᠷᠠᠮᠨᠠᠵᠤ ᠲᠠᠨᠢᠬᠤ ᠦᠭᠡᠢ ᠦᠨᠦᠷ ᠢ᠋ᠶ᠋ᠡᠷ ᠴᠢᠨᠢ ᠬᠦᠨᠡᠢᠷᠬᠡᠵᠦ ᠠᠷᠤ ᠠ᠋ᠴᠠ ᠴᠢᠨᠢ ᠪᠣᠷᠪᠢᠳᠠᠬᠤ ᠶᠠᠳᠠᠬᠤ ᠦᠭᠡᠢ᠃ ᠪᠣᠷᠪᠢᠳᠠᠭᠠᠳ ᠠᠪᠤᠭᠰᠠᠨ ᠴᠦ᠍ ᠠᠵᠢᠭ ᠦᠭᠡᠢ ᠪᠠᠢᠭᠠᠷᠠᠢ! ᠪᠢ ᠬᠠᠵᠠᠭᠤ ᠳ᠋ᠤᠨᠢ ᠪᠠᠢᠭᠰᠠᠨ ᠴᠠᠭ ᠲᠤ ᠬᠥᠨᠳᠡᠢᠬᠡᠨ ᠬᠠᠵᠠᠬᠤ ᠶᠤᠮ᠃ ᠬᠠᠷᠢᠨ ᠳᠠᠪ ᠬᠢᠵᠦ ᠴᠣᠴᠢᠷᠳᠠᠭᠰᠠᠭᠠᠷ ᠡᠭᠳᠡᠭᠦᠦ ᠨᠢ ᠬᠦᠷᠴᠦ ᠰᠣᠶᠣᠭ᠎ᠠ ᠪᠠᠨ ᠬᠤᠷᠴᠠᠯᠠᠨ᠎ᠠ ᠰᠢᠦ᠂ ᠮᠡᠳᠡᠪᠡ ᠤᠤ? 
       — ᠵᠠ᠂ ᠮᠡᠳᠡᠯ᠎ᠡ ᠭᠡᠵᠦ ᠵᠠᠩᠴᠤᠪ ᠬᠠᠷᠢᠭᠤᠯᠤᠭᠰᠠᠨ ᠪᠣᠯᠪᠠᠴᠤ ᠳᠣᠲᠣᠷ᠎ᠠ ᠪᠠᠨ ᠲᠦᠭ ᠲᠠᠭ ᠲᠠᠢ ᠶᠠᠪᠤᠨ᠎ᠠ᠃ 
       ᠶᠠᠮᠠᠷ ᠬᠥᠮᠦᠨ ᠴᠦ᠍ ᠭᠡᠳ ᠠᠮᠢᠳᠤ ᠮᠡᠳᠡᠭᠡ ᠲᠠᠢ ᠯᠠ ᠶᠤᠮ ᠪᠣᠯ ᠴᠢᠨᠣ᠎ᠠ ᠪᠣᠷᠪᠢ ᠠ᠋ᠴᠠ ᠨᠢ ᠵᠠᠭᠤᠬᠤ ᠳ᠋ᠤ᠌ ᠴᠣᠴᠢᠷᠳᠠᠬᠤ ᠶ᠋ᠢ ᠪᠠᠢᠲᠤᠭᠠᠢ᠂ ᠠᠳᠠᠭ ᠨᠢ ᠬᠢᠷᠳ᠋ᠬᠢᠨ ᠬᠥᠯ ᠢ᠋ᠶ᠋ᠡᠨ ᠡᠷᠭᠦᠵᠦ ᠬᠠᠮᠠᠭᠠᠯᠠᠬᠤ ᠲᠥᠷᠥᠯᠬᠢ ᠴᠢᠨᠠᠷ ᠤ᠋ᠨ ᠰᠠᠷᠠᠯ ᠪᠠᠢᠬᠤ ᠶᠣᠰᠣᠲᠠᠢ᠃  
       ᠡᠨᠡ ᠮᠡᠷᠭᠡᠨ ᠴᠠᠭᠠᠨ ᠯᠠᠮᠠᠬᠠᠢ ᠨᠡᠭᠡᠷᠡᠨ ᠴᠢᠨᠣ᠎ᠠ ᠲᠠᠢ ᠬᠠᠨᠢᠰᠳᠠᠭ ᠨᠢ ᠦᠨᠡᠨ ᠶᠦᠮ ᠪᠠᠢᠨ᠎ᠠ᠃ ᠡᠨᠡ ᠠᠷᠤ ᠠ᠋ᠴᠠ ᠱᠣᠭᠰᠢᠭᠰᠠᠨ ᠲᠠᠯᠲᠤ ᠡᠵᠡᠨ ᠢ᠋ᠶ᠋ᠡᠨ ᠭᠡᠵᠦ ᠲᠠᠨᠢᠭᠰᠠᠨ ᠯᠠᠮᠠᠬᠠᠢ ᠶ᠋ᠢ ᠬᠠᠮᠢᠭ᠎ᠠ ᠶᠠᠪᠤᠬᠤ ᠪᠣᠯᠭᠠᠨ ᠳ᠋ᠤ᠌ ᠠᠷᠤ ᠠ᠋ᠴᠠ ᠨᠢ ᠳᠠᠭᠠᠵᠤ ᠬᠠᠮᠠᠭᠠᠯᠠᠨ ᠳᠠᠯᠳᠠ ᠭᠠᠵᠠᠷ ᠭᠡᠲᠡᠵᠦ ᠬᠡᠪᠲᠡᠳᠡᠭ ᠶᠦᠮ ᠪᠠᠢᠨ᠎ᠠ ᠭᠡᠵᠦ ᠵᠠᠩᠴᠤᠪ ᠳᠣᠲᠣᠷ᠎ᠠ ᠪᠠᠨ ᠪᠣᠳᠣᠯ᠎ᠠ᠃ 
       ᠴᠠᠭᠠᠰᠢ ᠳᠡᠮᠡᠢ ᠶᠠᠪᠤᠭᠰᠠᠨ ᠦᠭᠡᠢ ᠪᠠᠷᠲᠠᠭᠠᠲᠤ ᠠᠭᠤᠯᠠ ᠶ᠋ᠢᠨ ᠪᠦᠰᠡᠯᠡᠭᠦᠷ ᠵᠠᠪᠳᠤᠭᠤ ᠣᠩᠭᠣᠢᠭᠰᠠᠨ ᠬᠠᠳᠠᠨ ᠬᠣᠩᠭᠢᠯ ᠦᠵᠡᠭᠳᠡᠪᠡ᠃ ᠠᠷᠤ ᠠ᠋ᠴᠠ ᠨᠢ ᠨᠡᠯᠢᠶᠡᠳ ᠵᠠᠢᠰᠬᠠᠨ ᠱᠣᠭᠰᠢᠭᠰᠠᠨ ᠲᠠᠯᠲᠤ ᠱᠦᠷᠳ᠋ ᠬᠢᠨ ᠱᠤᠩᠭᠤᠯᠠᠵᠤ ᠲᠡᠷᠡ ᠬᠠᠳᠠᠨ ᠬᠣᠩᠭᠢᠯ ᠤᠷᠤᠭᠤ ᠭᠦᠶᠦᠪᠡ᠃ ᠪᠥᠨᠲᠦᠭ ᠲᠦᠨᠲᠦᠭ ᠬᠠᠳᠠ ᠴᠢᠯᠠᠭᠤᠨ ᠳᠡᠭᠡᠭᠦᠷ ᠦᠰᠦᠷᠴᠦ ᠬᠠᠷᠠᠢᠨ ᠠᠯᠢᠶᠠᠯᠠᠭᠰᠠᠨ ᠪᠣᠷᠣ ᠰᠠᠭᠠᠷᠠᠯ ᠪᠡᠯᠲᠡᠷᠭᠡ ᠨᠦ᠍ᠭᠦᠳ ᠳᠡᠯᠲᠦ ᠶ᠋ᠢᠨ ᠱᠤᠩᠭᠤᠯᠠᠵᠤ ᠣᠴᠢᠬᠤ ᠳ᠋ᠤ᠌ ᠶᠠᠮᠠᠷ ᠨᠢᠭᠡ ᠶᠠᠭᠤᠮᠠᠨ ᠠ᠋ᠴᠠ ᠰᠦᠷᠳᠡᠵᠦ ᠠᠶᠤᠭᠰᠠᠨ ᠪᠤᠶᠤ ᠠᠳᠠᠢᠷ ᠤ᠋ᠨ ᠦᠨᠦᠷ ᠲᠠᠨᠢᠷ ᠠ᠋ᠴᠠ ᠰᠡᠷᠡᠮᠵᠢᠯᠡᠵᠦ᠂ ᠴᠢᠬᠢ ᠨᠢ ᠱᠣᠷᠣᠯᠵᠢᠨ ᠨᠢᠳᠦ ᠨᠢ ᠪᠦᠯᠲᠡᠭᠡᠨᠡᠭᠡᠳ ᠡᠬᠡ ᠴᠢᠨᠣ᠎ᠠ ᠶ᠋ᠢᠨ ᠢ᠋ᠶ᠋ᠡᠨ ᠠᠷᠤ ᠪᠠᠷ ᠨᠣᠮᠣᠬᠠᠨ ᠳᠦᠷᠢ ᠲᠡᠢ ᠴᠣᠩᠨᠣᠢᠨ ᠪᠠᠢᠯ᠎ᠠ᠃ 
       ᠳᠡᠯᠲᠦ ᠭᠢᠴᠢᠢ ᠴᠢᠨᠣ᠎ᠠ ᠶ᠋ᠢᠨ ᠢ᠋ᠶ᠋ᠡᠨ ᠰᠠᠢᠷᠬᠠᠯ ᠢ᠋ ᠣᠯᠬᠤ ᠭᠡᠰᠡᠨ ᠰᠢᠭ ᠬᠠᠵᠠᠭᠤ ᠳ᠋ᠤᠨᠢ ᠣᠴᠢᠵᠤ᠂ ᠡᠷᠡᠦ ᠠᠮᠠ ᠶ᠋ᠢ ᠨᠢ ᠳᠣᠯᠢᠶᠠᠮᠠᠷ ᠠᠮᠠᠷᠠᠭᠯᠠᠵᠤ ᠠᠭᠠᠯᠢ ᠦᠭᠡᠢᠳᠡᠪᠡᠯ ᠭᠢᠴᠢᠢ ᠴᠢᠨᠣ᠎ᠠ ᠴᠦ᠍ ᠰᠡᠭᠦᠯ ᠢ᠋ᠶ᠋ᠡᠨ ᠰᠢᠷᠪᠠᠨ ᠤᠷᠲᠤ ᠤᠯᠠᠭᠠᠨ ᠬᠡᠯᠡ ᠪᠡᠷ ᠢ᠋ᠶ᠋ᠡᠨ ᠵᠠᠪᠠᠵᠢ ᠪᠠᠨ ᠠᠷᠴᠢᠵᠤ《ᠨᠠᠳᠠ ᠶᠠᠭᠤ ᠴᠦ᠍ ᠠᠪᠴᠢᠷᠠᠭᠰᠠᠨ ᠦᠭᠡᠢ ᠶᠦᠮ ᠤᠤ?》 ᠭᠡᠰᠡᠨ ᠰᠢᠭ ᠡᠷᠬᠡᠯᠡᠬᠦ ᠳ᠋ᠦ᠍《ᠶᠠᠭᠤ ᠠᠪᠴᠢᠷᠠᠨ᠎ᠠ ᠪᠣᠢ? ᠡᠵᠡᠨ ᠡᠪᠦᠭᠡᠨ ᠦ᠌ ᠠᠷᠤ ᠠ᠋ᠴᠠ ᠠᠳᠠᠢᠷ ᠤ᠋ᠨ ᠨᠢᠭᠡ ᠬᠥᠮᠦᠨ ᠳᠠᠭᠠᠯᠳᠤᠵᠤ ᠶᠠᠪᠤᠨ᠎ᠠ》 ᠭᠡᠬᠦ ᠳ᠋ᠦ᠍ ᠭᠢᠴᠢᠢ《ᠶᠠᠭᠤᠨ ᠤ᠋ ᠬᠥᠮᠦᠨ ᠶᠦᠮ ᠪᠣᠯ ᠠ᠋?》 ᠭᠡᠵᠦ ᠠᠰᠠᠭᠤᠨ᠎ᠠ᠃《ᠮᠡᠳᠡᠬᠦ ᠦᠭᠡᠢ ᠴᠣᠬᠣᠮ? ᠠᠩᠬ᠎ᠠ ᠡᠵᠡᠨ ᠡᠪᠦᠭᠡᠨ ᠲᠡᠢ ᠠᠭᠤᠯᠵᠠᠬᠤ ᠳ᠋ᠤ᠌ ᠳᠠᠷᠢ ᠦᠨᠦᠷᠲᠦᠭᠰᠡᠨ ᠬᠦᠢᠲᠡᠨ ᠲᠡᠮᠦᠷ ᠡᠭᠦᠷᠴᠦ ᠪᠠᠢᠭᠰᠠᠨ ᠢ᠋ ᠨᠢ ᠡᠵᠡᠨ ᠡᠪᠦᠭᠡᠨ ᠥᠨᠥᠬᠢ ᠶ᠋ᠢ ᠨᠢ ᠬᠣᠯᠠ ᠰᠢᠲᠠᠵᠤ ᠶᠠᠪᠤᠭᠤᠯᠪᠠ》 ᠭᠡᠪᠡ᠃《ᠳᠠᠩᠴᠤ ᠨᠢᠭᠡ ᠭᠠᠰᠢᠭᠤᠷᠬᠠᠭ ᠦᠨᠦᠷ ᠰᠠᠯᠬᠢᠳᠠᠵᠤ ᠪᠠᠢᠨ᠎ᠠ ᠯᠠᠢ》 ᠭᠡᠵᠦ ᠳᠡᠯᠲᠦ ᠭᠢᠴᠢᠢ ᠬᠣᠶᠠᠷ ᠴᠢᠨᠣ᠎ᠠ ᠬᠣᠭᠣᠷᠣᠨᠳᠣ ᠪᠠᠨ ᠬᠡᠯᠡ ᠤᠯᠠ ᠪᠠᠨ ᠣᠯᠤᠯᠴᠠᠭᠰᠠᠨ ᠮᠡᠲᠦ ᠬᠠᠷᠠᠭᠳᠠᠪᠠ᠃ 
       ᠨᠢᠭᠡ ᠮᠡᠳᠡᠬᠦ ᠳ᠋ᠦ᠍ ᠥᠨᠥᠬᠢ ᠭᠢᠴᠢᠢ ᠴᠢᠨᠣ᠎ᠠ ᠵᠠᠩᠴᠤᠪ ᠤ᠋ᠨ ᠠᠷᠤ ᠠ᠋ᠴᠠ ᠮᠥᠯᠬᠥᠭᠡ ᠪᠡᠷ ᠢ᠋ᠶ᠋ᠡᠨ ᠮᠢᠷᠢᠶᠠᠨ᠎ᠠ᠃ ᠪᠡᠶ᠎ᠡ ᠪᠡᠨ ᠡᠮᠦᠨᠡᠰᠢ ᠨᠡᠭᠦᠯᠭᠡᠵᠦ ᠶᠠᠪᠤᠬᠤ ᠳ᠋ᠠᠭᠠᠨ ᠬᠣᠶᠠᠷ ᠴᠢᠬᠢ ᠨᠢ ᠬᠤᠯᠮᠠᠢᠵᠤ ᠰᠣᠶᠣᠭ᠎ᠠ ᠨᠢ ᠢᠷᠵᠠᠢᠨ ᠦᠳᠡ ᠶ᠋ᠢᠨ ᠬᠠᠯᠠᠭᠤᠨ ᠨᠠᠷᠠᠨ ᠳ᠋ᠤ᠌ ᠬᠢᠲᠤᠭᠠᠨ ᠤ᠋ ᠢᠷ ᠰᠢᠭ ᠭᠢᠯᠠᠯᠵᠠᠵᠤ ᠬᠠᠷᠠᠭᠳᠠᠨ᠎ᠠ᠃
       ᠬᠠᠳᠠᠨ ᠠᠭᠤᠢ ᠶ᠋ᠢᠨ ᠠᠮᠠᠰᠠᠷ ᠬᠦᠷᠬᠦ ᠣᠢᠷᠠᠲᠤᠯ᠎ᠠ᠃ ᠬᠡᠳᠦᠨ ᠳᠡᠭᠲᠡᠷ ᠴᠢᠯᠠᠭᠤᠨ ᠳᠡᠪᠬᠡᠷᠭᠡ ᠶ᠋ᠢ ᠮᠠᠴᠤᠲᠠᠯ᠎ᠠ ᠲᠡᠭᠦᠨ ᠦ᠌ ᠲᠠᠬᠢᠮ ᠤᠷᠤᠭᠤ ᠨᠢᠭᠡ ᠰᠢᠷᠦᠭᠦᠨ ᠶᠠᠭᠤᠮ᠎ᠠ ᠨᠢᠳᠤᠷᠬᠤ ᠰᠢᠭ᠋ ᠪᠣᠯᠬᠤ ᠳ᠋ᠤ᠌᠂ ᠵᠠᠩᠴᠤᠪ ᠡᠷᠬᠡ ᠦᠭᠡᠢ《ᠡᠪᠡᠦ! ᠬᠠᠯᠠᠭ ᠴᠢᠨᠢ》 ᠭᠡᠳ ᠤᠤᠯᠭᠠᠯᠠᠩᠬᠠᠨ ᠬᠣᠶᠠᠷ ᠡᠪᠦᠳᠦᠭ ᠨᠢ ᠬᠠᠳᠠᠨ ᠤ᠋ ᠢᠷᠮᠡᠭ ᠲᠦ᠍ ᠮᠥᠷᠭᠥᠵᠦ ᠰᠥᠭᠥᠳᠦᠨ ᠤᠨᠠᠯ᠎ᠠ᠃ ᠲᠡᠭᠦᠨ ᠦ᠌ ᠤᠤᠯᠭ᠎ᠠ ᠠᠯᠲᠠᠨ ᠴᠣᠴᠢᠷᠳᠠᠬᠤ ᠳ᠋ᠤ᠌ ᠭᠢᠴᠢᠢ ᠴᠢᠨᠣ᠎ᠠ ᠵᠢᠭᠰᠢᠬᠦ ᠶ᠋ᠢᠨ ᠡᠷᠬᠡ ᠪᠡᠷ ᠵᠠᠩᠴᠤᠪ ᠤ᠋ᠨ ᠲᠠᠬᠢᠮ ᠠ᠋ᠴᠠ ᠵᠠᠭᠤᠪᠠ᠃ ᠲᠠᠬᠢᠮ ᠳ᠋ᠤᠨᠢ ᠬᠠᠯᠠᠭᠤ ᠣᠷᠬᠢᠵᠤ ᠰᠠᠨᠠᠭᠳᠠᠬᠤ ᠳ᠋ᠤ᠌ ᠵᠠᠩᠴᠤᠪ ᠮᠡᠷᠭᠡᠨ ᠴᠠᠭᠠᠨ ᠯᠠᠮᠠᠬᠠᠢ ᠶ᠋ᠢᠨ ᠬᠡᠯᠡᠭᠰᠡᠨ《ᠠᠵᠢᠭ ᠴᠦ᠍ ᠦᠭᠡᠢ ᠶᠠᠪᠤᠭᠠᠳ ᠯᠠ ᠪᠠᠢ᠂ ᠴᠣᠴᠢᠷᠳᠠᠭᠰᠠᠭᠠᠷ ᠴᠦ᠍ ᠭᠢᠴᠢᠢ ᠴᠢᠨᠣ᠎ᠠ ᠰᠣᠶᠣᠭ᠎ᠠ ᠪᠠᠨ ᠬᠤᠷᠴᠠᠯᠠᠨ᠎ᠠ ᠰᠢᠦ!》 ᠭᠡᠰᠡᠨ ᠢ᠋ ᠰᠠᠨᠠᠵᠤ ᠵᠣᠷᠢᠭ ᠢ᠋ᠶ᠋ᠠᠨ ᠪᠠᠷᠢᠨ ᠳᠡᠭᠡᠭᠰᠢ ᠮᠠᠴᠤᠨ᠎ᠠ᠃ 
       ᠮᠡᠷᠭᠡᠨ ᠴᠠᠭᠠᠨ ᠯᠠᠮᠠᠬᠠᠢ ᠬᠡᠳᠦᠨ ᠳᠡᠭᠲᠡᠷ ᠴᠢᠯᠠᠭᠤᠨ ᠳᠡᠪᠬᠡᠷᠭᠡ ᠶ᠋ᠢ ᠳᠠᠪᠠᠵᠤ ᠭᠠᠷᠤᠭᠠᠳ ᠭᠡᠳᠡᠷᠭᠦ ᠬᠠᠷᠠᠵᠤ᠄  
       — ᠡᠨᠡ ᠬᠦᠦ ᠶᠠᠭᠠᠬᠢᠪᠠ? ᠣᠢᠴᠢᠪᠠ ᠤᠤ? ᠭᠡᠪᠡᠯ᠂  
       — ᠭᠠᠢᠭᠤᠢ᠂ ᠭᠠᠢᠭᠤᠢ! ᠭᠡᠯ᠎ᠡ᠃  
       — ᠨᠠᠭᠠᠳᠤ ᠳᠡᠪᠬᠡᠷᠭᠡ ᠳᠡᠭᠡᠷ᠎ᠡ ᠭᠠᠷᠤᠭᠠᠳ ᠢᠷᠡᠭᠰᠡᠭᠡᠷ ᠬᠠᠮᠢᠶ᠎ᠠ ᠦᠭᠡᠢ ᠪᠠᠢᠬ᠎ᠠ!  
      《ᠠᠵᠢᠭ ᠦᠭᠡᠢ ᠶᠠᠪᠤᠭᠠᠳ ᠪᠠᠢ᠂ ᠬᠠᠮᠢᠶ᠎ᠠ ᠦᠭᠡᠢ᠂ ᠬᠠᠮᠢᠶ᠎ᠠ ᠦᠭᠡᠢ᠁》 ᠭᠡᠳ ᠪᠠᠢᠳᠠᠭ ᠶᠠᠭᠠᠬᠢᠭᠰᠠᠨ ᠬᠠᠲᠠᠭᠤ ᠲᠣᠭᠯᠠᠭᠠᠮ ᠲᠠᠢ ᠡᠪᠦᠭᠡᠨ ᠪᠣᠢ ᠭᠡᠵᠦ ᠳᠣᠲᠣᠷ᠎ᠠ ᠪᠠᠨ ᠳᠤᠷ᠎ᠠ ᠦᠭᠡᠢ ᠬᠦᠷᠴᠦ《ᠬᠡᠭᠡᠷ᠎ᠡ ᠶ᠋ᠢᠨ ᠲᠣᠭᠰᠢᠨ ᠠᠷᠢᠶᠠᠲᠠᠨ ᠢ᠋ᠶ᠋ᠠᠷ ᠪᠥᠭᠰᠡ ᠪᠡᠨ ᠲᠣᠭᠣᠷᠢᠭᠤᠯᠤᠭᠠᠳ ᠬᠥᠮᠦᠨ ᠦ᠌ ᠰᠢᠨᠳᠠᠰᠤ ᠲᠡᠩᠰᠡᠭᠡᠳ ᠪᠠᠢᠬᠤ ᠳ᠋ᠠᠭᠠᠨ᠁》 ᠭᠡᠵᠦ ᠳᠣᠲᠣᠷ᠎ᠠ ᠪᠠᠨ ᠥᠭᠦᠯᠡᠵᠦ ᠶᠠᠭᠤ ᠴᠦ᠍ ᠭᠡᠰᠡᠨ ᠮᠡᠷᠭᠡᠨ ᠴᠠᠭᠠᠨ ᠯᠠᠮᠠᠬᠠᠢ ᠶ᠋ᠢᠨ ᠡᠷᠡᠦ ᠳᠣᠣᠷ᠎ᠠ ᠪᠢᠲᠡᠭᠦᠦ ᠪᠡᠨ ᠳᠤᠰᠤᠬᠤ ᠳᠠᠵᠢᠶᠠᠨ ᠳ᠋ᠤ᠌ ᠬᠦᠷᠦᠭᠰᠡᠨ ᠶᠦᠮ ᠴᠢᠨᠢ ᠰᠢᠳᠦ ᠪᠡᠨ ᠵᠠᠭᠤᠭᠠᠳ ᠭᠠᠷᠬᠤ ᠠ᠋ᠴᠠ ᠪᠢᠰᠢ ᠪᠤᠴᠠᠭᠠᠳ ᠭᠦᠶᠦᠯᠲᠡᠢ ᠪᠢᠰᠢ! ᠣᠳᠣ ᠡᠨᠡ ᠬᠢᠩᠭ᠎ᠠ ᠳᠡᠭᠡᠷ᠎ᠡ ᠪᠤᠴᠠᠬᠤ ᠶᠤᠮ ᠪᠣᠯ ᠶᠣᠰᠣᠲᠠᠢ ᠴᠢᠨᠣ᠎ᠠ ᠶ᠋ᠢᠨ ᠬᠣᠭᠣᠯᠠ ᠪᠣᠯᠵᠤ ᠳᠠᠭᠤᠰᠤᠨ᠎ᠠ》 ᠭᠡᠳ ᠬᠠᠳᠠᠨ ᠬᠣᠩᠭᠢᠯ ᠤᠷᠤᠭᠤ ᠳᠥᠭᠥᠪᠡ᠃ 
       ᠠᠷᠤ ᠠ᠋ᠴᠠ ᠰᠦᠷ ᠪᠠᠳᠠᠷᠠᠭᠤᠯᠤᠭᠰᠠᠨ ᠭᠢᠴᠢᠢ ᠴᠢᠨᠣ᠎ᠠ ᠪᠡᠯᠲᠡᠷᠭᠡ ᠨᠦ᠍ᠭᠦᠳ ᠦ᠋ᠨ ᠢ᠋ᠶ᠋ᠡᠨ ᠬᠠᠵᠠᠭᠤ ᠳ᠋ᠤ᠌ ᠣᠴᠢᠭᠠᠳ ᠰᠢᠨᠠ ᠪᠠᠨ ᠲᠡᠯᠡᠲᠡᠯ᠎ᠡ ᠡᠪᠰᠢᠶᠡᠨ ᠰᠤᠨᠢᠶᠠᠨ᠎ᠠ᠃ 
       — ᠠᠯᠢ᠂ ᠨᠠᠭᠠᠰᠢ ᠪᠠᠨ! ᠦᠵᠡᠶ᠎ᠡ ᠪᠢ ᠭᠡᠵᠦ ᠮᠡᠷᠭᠡᠨ ᠴᠠᠭᠠᠨ ᠯᠠᠮᠠᠬᠠᠢ ᠵᠠᠩᠴᠤᠪ ᠤ᠋ᠨ ᠲᠠᠬᠢᠮ ᠤ᠋ᠨ ᠰᠣᠷᠪᠢ ᠶ᠋ᠢ ᠲᠡᠮᠲᠡᠷᠢᠵᠦ᠄ 
       — ᠠ᠂ ᠴᠢᠰᠤ ᠳᠠᠭᠠᠭᠠᠪᠤᠷᠢᠯᠠᠭᠰᠠᠨ ᠪᠠᠢᠨ᠎ᠠ᠃ ᠰᠢᠷᠬᠤᠨᠠᠭ ᠢ᠋ᠶ᠋ᠠᠨ ᠰᠢᠭᠤ! ᠭᠡᠵᠦ ᠰᠢᠷᠦᠭᠦᠨ ᠬᠠᠷᠠᠭᠠᠳ ᠳᠤᠤᠭᠠᠷᠪᠠ᠃  
       ᠵᠠᠩᠴᠤᠪ ᠮᠡᠷᠭᠡᠨ ᠴᠠᠭᠠᠨ ᠯᠠᠮᠠᠬᠠᠢ ᠶ᠋ᠢᠨ ᠬᠡᠯᠡᠭᠰᠡᠨ ᠢ᠋ᠶ᠋ᠡᠷ ᠰᠢᠷᠬᠤᠨᠠᠭ ᠢ᠋ᠶ᠋ᠠᠨ ᠡᠪᠦᠳᠦᠭ ᠳᠠᠪᠠᠲᠠᠯ᠎ᠠ ᠰᠢᠭᠤᠵᠤ《ᠬᠡᠷᠡᠭ ᠦᠭᠡᠢ ᠴᠦ᠍ ᠡᠨᠡ ᠡᠪᠦᠭᠡᠨ ᠯᠠᠮᠠᠬᠠᠢ ᠲᠠᠢ ᠤᠴᠢᠷᠯᠠᠵᠤ ᠠᠭᠤᠯᠵᠠᠯ᠎ᠠ ᠳᠠ᠃ ᠡᠪ ᠡᠷᠡᠭᠦᠯ ᠮᠢᠬᠠᠨ ᠳ᠋ᠠᠭᠠᠨ ᠴᠢᠨᠣ᠎ᠠ ᠶ᠋ᠢᠨ ᠰᠣᠶᠣᠭ᠎ᠠ ᠣᠷᠣᠭᠤᠯᠵᠤ᠂ ᠠᠶ᠎ᠠ ᠦᠭᠡᠢᠳᠡᠵᠦ ᠭᠠᠯᠵᠠᠭᠤ ᠴᠢᠨᠣ᠎ᠠ ᠶ᠋ᠢᠨ ᠰᠢᠯᠦᠰᠦ ᠨᠠᠭᠠᠯᠳᠤᠭᠰᠠᠨ ᠪᠣᠯ ᠨᠢᠭᠡ ᠨᠠᠰᠤ ᠠᠷᠪᠠᠨ ᠭᠤᠷᠪᠠ ᠳᠦᠭᠦᠷᠦᠭᠰᠡᠨ ᠬᠡᠷᠡᠭ!》 ᠭᠡᠵᠦ ᠬᠠᠷᠠᠮᠰᠠᠨ《ᠵᠠ ᠮᠠᠢ᠂ ᠦᠵᠡ᠂ ᠦᠵᠡ! ᠶᠠᠭᠠᠬᠢᠵᠤ ᠦᠵᠡᠯ᠎ᠡ ᠭᠡᠳ ᠶᠠᠭᠤ ᠪᠣᠯᠤᠨ᠎ᠠ? ᠲᠠᠭᠠᠯᠴᠠᠵᠤ ᠶᠠᠪᠤᠭᠰᠠᠭᠠᠷ ᠪᠠᠢᠲᠠᠯ᠎ᠠ ᠥᠨᠥᠬᠢ ᠠᠷᠢᠶᠠᠲᠠᠨ ᠢ᠋ᠶ᠋ᠠᠷ ᠢ᠋ᠶ᠋ᠠᠨ ᠬᠥᠮᠦᠨ ᠢ᠋ ᠬᠠᠵᠠᠭᠤᠯᠤᠨ᠎ᠠ ᠭᠡᠳᠡᠭ ᠴᠢᠨᠢ? ᠲᠡᠭᠡᠭᠡᠳ ᠪᠠᠰᠠ ᠭᠠᠪᠢᠶ᠎ᠠ ᠲᠠᠢ ᠶᠤᠮ ᠰᠢᠭ᠋ ᠬᠡᠭᠵᠢᠭᠦᠨ ᠳᠤᠤᠭᠠᠷᠳᠠᠭ ᠨᠢ᠁》 ᠭᠡᠵᠦ ᠳᠣᠲᠣᠷ᠎ᠠ ᠪᠠᠨ ᠮᠠᠰᠢ ᠳᠤᠷ᠎ᠠ ᠦᠭᠡᠢᠴᠡᠭᠰᠡᠨ ᠪᠣᠯᠪᠠᠴᠤ ᠢᠯᠡ ᠳᠤᠤᠭᠠᠷᠴᠤ ᠴᠢᠳᠠᠭᠰᠠᠨ ᠦᠭᠡᠢ᠃ 
       — ᠳᠥᠷᠪᠡᠨ ᠰᠣᠶᠣᠭᠠᠨ ᠤ᠋ ᠣᠷᠣᠮ ᠢ᠋ᠶ᠋ᠠᠷ ᠴᠢᠰᠤ ᠴᠤᠪᠤᠵᠤ ᠪᠠᠢᠨ᠎ᠠ! ᠭᠢᠴᠢᠢ ᠶ᠋ᠢᠨ ᠭᠡᠨᠡᠳᠲᠡ ᠨᠢᠳᠤᠷᠬᠤ ᠳ᠋ᠤ᠌ ᠴᠢ ᠴᠣᠴᠢᠷᠳᠠᠵᠤ ᠡᠭᠳᠡᠭᠦᠦ ᠶ᠋ᠢ ᠨᠢ ᠬᠦᠷᠭᠡᠵᠡᠢ᠃
       ᠵᠠᠩᠴᠤᠪ ᠦᠭᠡ ᠳᠤᠤᠭᠠᠷᠤᠭᠰᠠᠨ ᠦᠭᠡᠢ᠃  
       — ᠴᠢ ᠡᠷ᠎ᠡ ᠬᠥᠮᠦᠨ ᠰᠢᠭ ᠠᠵᠢᠭ ᠴᠦ᠍ ᠦᠭᠡᠢ ᠯᠡ ᠪᠠᠢᠭᠰᠠᠨ ᠪᠣᠯ ᠲᠡᠷᠡ ᠳᠣᠭᠣᠯᠠᠩ ᠭᠢᠴᠢᠢ ᠠᠷᠠᠢ ᠡᠢᠮᠦ ᠬᠣᠣᠷᠲᠠᠢ ᠵᠠᠭᠤᠬᠤ ᠶᠣᠰᠣ ᠦᠭᠡᠢ᠃ ᠲᠡᠷᠡ ᠴᠢᠨᠢ ᠬᠥᠮᠦᠨ ᠦ᠌ ᠤᠬᠠᠭ᠎ᠠ ᠰᠤᠷᠴᠢᠬᠠᠭᠰᠠᠨ ᠠᠳᠤᠭᠤᠰᠤ ᠶᠤᠮ ᠠ᠋ ᠬᠥᠭᠡᠷᠦᠬᠦᠢ! ᠭᠡᠬᠦ ᠳ᠋ᠦ᠍ ᠵᠠᠩᠴᠤᠪ ᠳᠣᠲᠣᠷ᠎ᠠ ᠪᠠᠨ《ᠲᠠᠬᠢᠮ ᠤᠷᠤᠭᠤ ᠪᠢᠯᠠᠭᠤ ᠰᠢᠳᠡᠮ ᠪᠠᠭᠤᠯᠭᠠᠭᠰᠠᠨ ᠰᠢᠭ᠋ ᠴᠣᠴᠢᠮᠠᠭ ᠨᠢᠳᠤᠷᠬᠤ ᠳ᠋ᠤ᠌ ᠶᠠᠮᠠᠷ ᠰᠠᠢᠨ ᠡᠷ᠎ᠡ ᠲᠡᠰᠳᠡᠭ ᠪᠠᠢᠨ᠎ᠠ? ᠲᠡᠭᠡᠭᠡᠳ ᠪᠠᠰᠠ ᠲᠡᠷᠡ ᠠᠷᠢᠶᠠᠲᠠᠨ ᠢ᠋ᠶ᠋ᠠᠨ ᠥᠮᠥᠭᠯᠡᠵᠦ ᠨᠠᠮᠠᠶ᠋ᠢ ᠪᠤᠷᠤᠭᠤᠳᠬᠠᠳᠠᠭ ᠨᠢ ᠶᠠᠭᠤ ᠶᠤᠮ?》 ᠭᠡᠰᠡᠨ ᠦᠰᠦᠭ ᠦ᠋ᠳ ᠲᠡᠭᠦᠨ ᠦ᠌ ᠴᠢᠷᠠᠢ ᠳ᠋ᠤ᠌ ᠢᠯᠡᠷᠡᠭᠰᠡᠨ ᠢ᠋ ᠮᠡᠷᠭᠡᠨ ᠴᠠᠭᠠᠨ ᠯᠠᠮᠠᠬᠠᠢ ᠣᠯᠵᠤ ᠤᠩᠰᠢᠭᠠᠳ᠄  
       — ᠶᠠᠭᠠᠬᠢᠪᠠ? ᠴᠢ ᠪᠡᠶ᠎ᠡ ᠪᠡᠨ ᠰᠦᠷᠡᠬᠡᠢ ᠡᠷ᠎ᠡ ᠬᠥᠮᠦᠨ ᠭᠡᠵᠦ ᠪᠣᠳᠣᠵᠤ ᠪᠠᠢᠨ᠎ᠠ ᠤᠤ? ᠡᠨᠡ ᠪᠣᠳᠣᠯ ᠴᠢᠨᠢ ᠣᠢᠷ᠎ᠠ᠂ ᠲᠡᠷᠡ ᠰᠦᠵᠢᠭ ᠴᠢᠨᠢ ᠬᠣᠯᠠ ᠳᠠ! ᠬᠡᠩ! ᠲᠡᠷᠡ ᠭᠢᠴᠢᠢ ᠶ᠋ᠢᠨ ᠡᠮᠦᠨ᠎ᠡ ᠬᠣᠶᠠᠷ ᠰᠢᠭᠢᠷ᠎ᠡ ᠨᠢ ᠡᠪᠦᠳᠦᠭ ᠢ᠋ᠶ᠋ᠡᠷ ᠢ᠋ᠶ᠋ᠡᠨ ᠮᠤᠬᠤᠷ᠃ ᠳᠣᠭᠣᠯᠠᠩ ᠵᠡᠮᠳᠡᠭ ᠴᠢᠨᠣ᠎ᠠ ᠶ᠋ᠢᠨ ᠨᠢᠭᠡ ᠨᠢᠳᠤᠷᠬᠤ ᠶ᠋ᠢ ᠳᠠᠭᠠᠭᠠᠳᠠᠭ ᠦᠭᠡᠢ ᠶᠠᠮᠠᠷ ᠰᠠᠢᠨ ᠡᠷ᠎ᠡ ᠭᠡᠵᠦ ᠬᠡᠯᠡᠬᠦ ᠪᠣᠢ ᠴᠢᠮᠠᠶ᠋ᠢ? ᠵᠢᠩᠬᠢᠨᠢ ᠰᠠᠢᠨ ᠡᠷ᠎ᠡ ᠭᠡᠳᠡᠭ ᠴᠢᠨᠢ ᠡᠨᠡ ᠵᠡᠭᠦᠨᠲᠡᠢ ᠥᠯᠥᠩᠲᠦ ᠳ᠋ᠦ᠍ ᠪᠣᠢ᠃ ᠲᠡᠨᠳᠡ ᠬᠡᠳᠦᠨ ᠰᠠᠷᠯᠤᠭ ᠤ᠋ᠨ ᠦᠨᠢᠶ᠎ᠡ ᠲᠡᠢ᠂ ᠴᠥᠭᠡᠪᠦᠷ ᠪᠤᠭ ᠮᠠᠯ ᠲᠠᠢ ᠡᠷ᠎ᠡ ᠡᠮ᠎ᠡ ᠬᠣᠶᠠᠷ ᠪᠠᠢᠳᠠᠭ᠃ ᠠ᠂ ᠶᠠᠭᠠᠬᠢᠬᠤ ᠪᠣᠢ᠂ ᠪᠠᠰᠠ ᠨᠡᠯᠢᠶᠡᠳ ᠰᠡᠭᠦᠯ ᠳ᠋ᠦ᠍ ᠨᠡᠭᠦᠵᠦ ᠢᠷᠡᠭᠰᠡᠨ ᠶᠠᠳᠠᠷᠠᠭᠤᠬᠠᠨ ᠠᠢᠯ ᠶᠤᠮ᠃ ᠲᠡᠷᠡ ᠠᠢᠯ ᠤ᠋ᠨ ᠵᠢᠭᠠᠯ ᠬᠦᠦ ᠭᠡᠭᠴᠢ ᠶᠣᠰᠣᠲᠠᠢ ᠬᠠᠪᠤᠲᠤ ᠬᠠᠰᠠᠷ ᠤ᠋ᠨ ᠬᠣᠢᠴᠢᠰ ᠬᠠᠳᠠᠨ ᠤᠷᠠᠳ ᠤ᠋ᠨ ᠤᠳᠤᠮ ᠶᠤᠮ ᠳᠠ! ᠮᠠᠭᠤ ᠳᠣᠭᠣᠯᠠᠩ ᠭᠢᠴᠢᠢ ᠠᠷᠤ ᠠ᠋ᠴᠠ ᠨᠢ ᠨᠢᠳᠤᠷᠬᠤ ᠳ᠋ᠤ᠌ ᠰᠢᠮᠠᠭᠤᠯ ᠬᠠᠵᠠᠭᠰᠠᠨ ᠲᠡᠳᠦᠢ ᠰᠠᠨᠠᠳᠠᠭ ᠦᠭᠡᠢ ᠵᠢᠭᠠᠯ ᠬᠦᠦ! ᠠ᠂ ᠬᠡᠴᠡᠭᠦᠦ ᠠ᠋! ᠲᠤᠭᠤᠯ ᠪᠢᠷᠠᠭᠤ ᠶ᠋ᠢ ᠢᠰᠢᠭᠡ ᠲᠡᠪᠡᠷᠢᠬᠦ ᠰᠢᠭ ᠡᠷᠭᠦᠴᠢᠬᠡᠬᠦ ᠶᠦᠮ ᠠ᠋! ᠬᠣᠵᠢᠮ ᠨᠢᠭᠡ ᠰᠠᠢᠨ ᠡᠷ᠎ᠡ ᠭᠠᠷᠤᠨ᠎ᠠ ᠳᠠ!  
       ᠮᠡᠷᠭᠡᠨ ᠴᠠᠭᠠᠨ ᠯᠠᠮᠠᠬᠠᠢ ᠶ᠋ᠢ ᠬᠥᠮᠦᠰ ᠶᠡᠬᠡ ᠯᠡ ᠤᠪᠠᠳᠢᠰ ᠤᠷᠭᠤᠭᠤᠯᠵᠤ ᠳᠣᠮᠣᠭ ᠰᠢᠭ᠋ ᠶᠠᠭᠤᠮ᠎ᠠ ᠶᠠᠷᠢᠳᠠᠭ ᠨᠢ ᠪᠤᠷᠤᠭᠤ ᠦᠭᠡᠢ᠃ ᠡᠷ᠎ᠡ ᠶ᠋ᠢᠨ ᠰᠠᠢᠨ ᠢ᠋ ᠢᠩᠭᠢᠵᠦ ᠳᠣᠭᠰᠢᠨ ᠠᠷᠢᠶᠠᠲᠠᠨ ᠲᠠᠢ ᠨᠠᠭᠠᠯᠳᠤᠭᠤᠯᠵᠤ ᠲᠣᠭᠯᠠᠳᠠᠭ ᠬᠠᠲᠠᠭᠤ ᠲᠣᠭᠯᠠᠭᠠᠮ ᠲᠠᠢ ᠪᠠᠢᠵᠤ ᠳᠠ! ᠲᠡᠭᠦᠨ ᠦ᠌ ᠬᠠᠲᠠᠭᠤ ᠲᠣᠭᠯᠠᠭᠠᠮ ᠢ᠋ ᠳᠠᠭᠠᠭᠠᠵᠤ ᠬᠡᠳᠦᠨ ᠳᠡᠭᠲᠡᠷ ᠴᠢᠯᠠᠭᠤᠨ ᠳᠡᠪᠬᠡᠷᠭᠡ ᠶ᠋ᠢ ᠳᠠᠪᠠᠵᠤ ᠳᠡᠢᠯᠦᠭᠰᠡᠨ ᠪᠦᠭᠦᠳᠡ ᠴᠥᠮ ᠰᠠᠢᠨ ᠡᠷ᠎ᠡ ᠳ᠋ᠦ᠍ ᠲᠣᠭᠠᠴᠠᠭᠳᠠᠨ᠎ᠠ᠃ ᠢᠩᠭᠢᠳᠡᠭ ᠪᠦᠬᠦᠨ ᠦ᠌ ᠰᠢᠷᠬ᠎ᠠ ᠰᠣᠭᠣᠭ ᠢ᠋ ᠨᠢ ᠠᠨᠠᠭᠠᠵᠤ᠂ ᠵᠣᠷᠢᠭᠰᠠᠨ ᠬᠦᠰᠡᠭᠰᠡᠨ ᠢ᠋ ᠨᠢ ᠬᠠᠩᠭᠠᠯᠲᠠ ᠲᠠᠢ ᠪᠤᠴᠠᠭᠠᠳᠠᠭ ᠨᠢ ᠦᠨᠡᠨ᠃ ᠪᠠᠷᠤᠭ ᠤ᠋ᠨ ᠮᠠᠭᠤ ᠰᠠᠢᠨ ᠡᠷ᠎ᠡ ᠳᠡᠭᠦᠵᠢᠯᠡᠭᠰᠡᠨ ᠨᠡᠷᠡᠯᠬᠡᠦ ᠬᠥᠮᠦᠰ ᠬᠠᠶᠠᠭ᠎ᠠ ᠶ᠋ᠢ ᠨᠢ ᠰᠠᠬᠢᠭᠰᠠᠨ ᠴᠢᠨᠣ᠎ᠠ ᠶ᠋ᠢᠨ ᠪᠠᠷ᠎ᠠ ᠠ᠋ᠴᠠ ᠨᠢ ᠰᠦᠷᠳᠡᠵᠦ ᠥᠮᠥᠳᠥᠨ ᠳ᠋ᠡᠭᠡᠨ ᠰᠢᠭᠡᠰᠦ ᠠᠯᠳᠠᠮ᠎ᠠ ᠠᠶᠤᠭᠠᠳ ᠪᠤᠴᠠᠵᠠᠭᠠᠳᠠᠭ ᠰᠠᠨ᠃  
       — ᠲᠠᠯᠲᠤ ᠠ᠋᠂ ᠲᠠᠯᠲᠤ ᠠ᠋! ᠭᠢᠴᠢᠢ ᠠ᠋᠂ ᠭᠢᠴᠢᠢ ᠠ᠋! ᠨᠠᠭᠠᠰᠢ ᠢᠷ᠎ᠡ! ᠭᠡᠵᠦ ᠬᠣᠶᠠᠷ ᠴᠢᠨᠣ᠎ᠠ ᠪᠠᠨ ᠳᠠᠭᠤᠳᠠᠭᠰᠠᠨ ᠳ᠋ᠤ᠌ ᠥᠨᠥᠬᠢ ᠬᠣᠶᠠᠷ ᠨᠢ ᠱᠦᠷᠳ᠋ ᠱᠠᠷᠳ᠋ ᠬᠢᠯᠭᠡᠨ ᠬᠠᠳᠠᠨ ᠬᠣᠩᠭᠢᠯ ᠤ᠋ᠨ ᠠᠮᠠᠰᠠᠷ ᠲᠤ ᠮᠡᠷᠭᠡᠨ ᠴᠠᠭᠠᠨ ᠯᠠᠮᠠᠬᠠᠢ ᠶ᠋ᠢᠨ ᠬᠠᠵᠠᠭᠤ ᠳ᠋ᠤ᠌ ᠲᠤᠯᠵᠤ ᠢᠷᠡᠪᠡ᠃   
       ᠨᠡᠭᠡᠷᠡᠨ ᠡᠮᠦᠨ᠎ᠡ ᠬᠣᠶᠠᠷ ᠰᠢᠭᠢᠷ᠎ᠡ ᠨᠢ ᠡᠪᠦᠳᠦᠭ ᠢ᠋ᠶ᠋ᠡᠷ ᠢ᠋ᠶ᠋ᠡᠨ ᠮᠤᠬᠤᠷ ᠳᠣᠭᠣᠯᠠᠩ ᠴᠢᠨᠣ᠎ᠠ ᠠᠵᠢ᠃ 
       ᠮᠡᠷᠭᠡᠨ ᠴᠠᠭᠠᠨ ᠯᠠᠮᠠᠬᠠᠢ ᠲᠠᠯᠲᠤ ᠪᠣᠯᠤᠨ ᠭᠢᠴᠢᠢ ᠶ᠋ᠢ ᠬᠠᠷᠠᠭᠠᠳ᠄  
       — ᠰᠣᠨᠢᠨ ᠶᠤᠮ ᠠ᠋! ᠡᠨᠡ ᠭᠢᠴᠢᠢ ᠲᠠᠯᠲᠤ ᠬᠣᠶᠠᠷ ᠬᠥᠮᠦᠨ ᠦ᠌ ᠤᠬᠠᠭᠠᠨ ᠣᠷᠣᠰᠢᠭᠰᠠᠨ ᠠᠳᠤᠭᠤᠰᠤ ᠰᠢᠦ ᠭᠡᠳ ᠳᠣᠭᠣᠯᠠᠩ ᠭᠢᠴᠢᠢ ᠶ᠋ᠢᠨ ᠵᠤᠯᠠᠢ ᠶ᠋ᠢᠨ ᠰᠤᠷ ᠢ᠋ ᠢᠯᠪᠢᠬᠦ ᠳ᠋ᠦ᠍ ᠭᠢᠴᠢᠢ ᠴᠢᠨᠣ᠎ᠠ ᠡᠭᠡᠭᠡ ᠯᠡ ᠡᠪᠦᠭᠡᠨ ᠯᠠᠮᠠᠬᠠᠢ ᠶ᠋ᠢᠨ ᠰᠠᠨᠠᠭ᠎ᠠ ᠶ᠋ᠢ ᠮᠡᠳᠡᠭᠰᠡᠨ ᠰᠢᠭ ᠭᠠᠷ ᠤ᠋ᠨ ᠬᠢᠨᠢ ᠠᠶ᠎ᠠ ᠪᠠᠷ ᠨᠢᠳᠦ ᠪᠡᠨ ᠠᠨᠢᠪᠴᠢᠨ《ᠡᠨᠡ ᠬᠥᠮᠦᠨ ᠴᠣᠬᠣᠮ ᠶᠠᠭᠤᠨ ᠤ᠋ ᠬᠥᠮᠦᠨ ᠪᠣᠢ? ᠪᠡᠶ᠎ᠡ ᠡᠴᠡ ᠨᠢ ᠠᠳᠠᠢᠷ ᠦᠨᠦᠷ ᠬᠠᠩᠬᠤᠯᠵᠤ ᠪᠠᠢᠨ᠎ᠠ᠃ ᠪᠢᠳᠡᠨ ᠳ᠋ᠦ᠍ ᠠᠷᠠᠢ ᠬᠣᠣᠷ ᠬᠦᠷᠭᠡᠴᠢᠬᠡᠬᠦ ᠳᠠᠢᠰᠤᠨ ᠪᠢᠰᠢ ᠪᠢᠵᠡ?》 ᠭᠡᠵᠦ ᠰᠡᠵᠢᠭᠲᠡᠢ ᠠᠰᠠᠭᠤᠭᠰᠠᠨ ᠰᠢᠭ᠋ ᠮᠡᠷᠭᠡᠨ ᠴᠠᠭᠠᠨ ᠯᠠᠮᠠᠬᠠᠢ ᠶ᠋ᠢᠨ ᠴᠢᠷᠠᠢ ᠥᠭᠡᠳᠡ ᠬᠠᠷᠠᠨ ᠬᠠᠪ ᠭᠡᠵᠦ ᠡᠪᠰᠢᠶᠡᠯᠭᠡᠨ᠎ᠡ᠁  
       ᠡᠳᠡᠭᠡᠷ ᠪᠦᠬᠦᠨ ᠢ᠋ ᠰᠣᠨᠢᠷᠬᠠᠵᠤ ᠬᠠᠷᠠᠭᠰᠠᠨ ᠵᠠᠩᠴᠤᠪ ᠳᠣᠲᠣᠷ᠎ᠠ ᠪᠠᠨ《ᠡᠨᠡ ᠬᠡᠭᠡᠷ᠎ᠡ ᠶ᠋ᠢᠨ ᠳᠣᠭᠰᠢᠨ ᠠᠷᠢᠶᠠᠲᠠᠨ ᠮᠡᠷᠭᠡᠨ ᠴᠠᠭᠠᠨ ᠯᠠᠮᠠᠬᠠᠢ ᠳ᠋ᠤ᠌ ᠢᠩᠭᠢᠵᠦ ᠨᠣᠮᠣᠬᠠᠨ ᠭᠠᠷᠰᠢᠳᠠᠭ ᠨᠢ ᠭᠠᠢᠬᠠᠯᠲᠠᠢ ᠶᠤᠮ ᠠ᠋》 ᠭᠡᠵᠦ ᠪᠣᠳᠣᠨ᠄ 
       — ᠪᠠᠭᠰᠢ ᠯᠠᠮᠠᠬᠠᠢ ᠶ᠋ᠢ ᠬᠣᠩᠭᠢᠯ ᠳ᠋ᠠᠭᠠᠨ ᠡᠵᠡᠭᠦᠢ ᠳ᠋ᠦ᠍ ᠬᠡᠨ ᠨᠢᠭᠡ ᠬᠥᠮᠦᠨ ᠠᠶᠤᠮᠰᠢᠭ ᠦᠭᠡᠢ ᠬᠣᠩᠭᠢᠯ ᠳ᠋ᠤ᠌ ᠴᠢᠨᠢ ᠣᠢᠷᠠᠳᠴᠤ ᠴᠢᠳᠠᠬᠤ ᠦᠭᠡᠢ ᠶᠦᠮ ᠪᠠᠢᠨ᠎ᠠ᠃ ᠡᠨᠡ ᠮᠠᠶᠢᠭ ᠢ᠋ᠶ᠋ᠠᠷ ᠪᠣᠯ ᠵᠢᠭᠰᠢᠭᠰᠡᠨ ᠨᠢᠭᠡ ᠪᠡᠨ ᠨᠢᠳᠤᠷᠴᠤ ᠰᠡᠭ ᠪᠣᠯᠭᠠᠬᠤ ᠳ᠋ᠤ᠌ ᠣᠢᠷᠠᠬᠠᠨ! ᠭᠡᠪᠡᠯ᠄  
       — ᠲᠡᠭᠡᠯ ᠦᠭᠡᠢ ᠶᠠᠭᠠᠬᠢᠬᠤ ᠪᠣᠢ⁈ ᠡᠨᠡ ᠭᠢᠴᠢᠢ ᠶ᠋ᠢᠨ ᠮᠤᠬᠤᠷ ᠬᠥᠯ ᠢ᠋ ᠬᠠᠷᠠᠭᠠᠴᠢ! ᠲᠡᠷᠡ ᠵᠢᠯ ᠶᠦᠮ ᠠ᠋᠂ ᠬᠡᠳᠦᠨ ᠣᠭᠲᠣᠷ ᠬᠦᠷᠮ᠎ᠡ ᠲᠡᠢ᠂ ᠰᠢᠷᠬᠤᠨᠠᠭ ᠢ᠋ᠶ᠋ᠠᠨ ᠪᠣᠭᠣᠭᠰᠠᠨ ᠳᠦᠷᠰᠦ ᠮᠠᠭᠤ ᠲᠠᠢ ᠫᠤᠤ ᠡᠭᠦᠷᠦᠭᠰᠡᠨ ᠬᠥᠮᠦᠨ ᠴᠡᠩᠬᠡᠷ ᠴᠣᠩᠬᠢᠶᠠᠯ ᠤ᠋ᠨ ᠰᠠᠷᠠᠪᠴᠢᠨ ᠬᠠᠳᠠᠨ ᠳ᠋ᠤ᠌ ᠭᠠᠷᠴᠤ᠂ ᠡᠨᠡ ᠭᠢᠴᠢᠢ ᠶ᠋ᠢᠨ ᠡᠮᠦᠨ᠎ᠡ ᠬᠣᠶᠠᠷ ᠰᠢᠭᠢᠷ᠎ᠡ ᠶ᠋ᠢ ᠲᠠᠰᠤ ᠫᠤᠤᠳᠠᠪᠠ᠃ ᠭᠢᠴᠢᠢ ᠶ᠋ᠢᠨ ᠤᠶᠠᠷᠠᠯᠲᠠᠢ ᠣᠯᠢᠭᠰᠠᠨ ᠳ᠋ᠤ᠌ ᠰᠠᠳᠤᠨᠰᠠᠭ ᠴᠢᠨᠣ᠎ᠠ ᠨᠤᠭᠤᠳ ᠥᠰᠢᠷᠬᠡᠵᠦ ᠬᠡᠳᠦᠨ ᠬᠥᠮᠦᠨ ᠢ᠋ ᠲᠡᠷᠡ ᠳᠣᠣᠷ᠎ᠠ ᠨᠢ ᠰᠡᠭ ᠪᠣᠯᠭᠠᠵᠤ ᠬᠠᠶᠠᠭᠰᠠᠨ᠃ ᠲᠡᠭᠦᠨ ᠡᠴᠡ ᠬᠣᠢᠰᠢ ᠴᠢᠨᠣ᠎ᠠ ᠨᠤᠭᠤᠳ ᠬᠦᠢᠲᠡᠨ ᠲᠡᠮᠦᠷ ᠡᠭᠦᠷᠦᠭᠰᠡᠨ ᠬᠥᠮᠦᠨ ᠢ᠋ ᠦᠵᠡᠵᠦ ᠴᠢᠳᠠᠳᠠᠭ ᠦᠭᠡᠢ ᠵᠢᠭᠰᠢᠬᠦ ᠪᠣᠯᠤᠭᠰᠠᠨ ᠶᠤᠮ᠃ ᠥᠨᠥᠳᠥᠷ ᠳᠡᠯᠲᠦ ᠴᠢᠨᠣ᠎ᠠ ᠴᠢᠮᠠᠶ᠋ᠢ ᠶᠠᠭᠠᠬᠢᠵᠤ ᠪᠠᠢᠪᠠ? ᠭᠡᠳ ᠮᠡᠷᠭᠡᠨ ᠴᠠᠭᠠᠨ ᠯᠠᠮᠠᠬᠠᠢ ᠬᠠᠳᠠ ᠬᠠᠩᠭᠢᠨᠠᠲᠠᠯ᠎ᠠ ᠢᠨᠢᠶᠡᠪᠡ᠃ ᠴᠢᠨᠣ᠎ᠠ ᠭᠡᠳᠡᠭ ᠠᠮᠢᠲᠠᠨ ᠥᠭᠡᠷ᠎ᠡ ᠠᠮᠢᠲᠠᠨ ᠨᠤᠭᠤᠳ ᠲᠠᠢ ᠦᠰᠦᠳ ᠣᠨᠳᠣᠣ ᠠᠷᠠᠨᠰᠢᠨ ᠲᠠᠢ᠃ ᠠᠮᠢᠨ ᠳ᠋ᠤᠨᠢ ᠬᠠᠯᠳᠠᠭᠰᠠᠨ ᠬᠥᠮᠦᠨ ᠢ᠋ ᠤᠷᠠᠵᠤ ᠰᠡᠭᠴᠢᠨ ᠲᠤᠰᠠ ᠬᠦᠷᠲᠡᠭᠡᠭᠰᠡᠨ ᠠᠮᠢᠲᠠᠨ ᠤ᠋ ᠬᠠᠷᠢᠭᠤ ᠳ᠋ᠤ᠌ ᠲᠤᠰᠠ ᠳᠠᠮ ᠬᠦᠷᠭᠡᠬᠦ ᠭᠡᠳᠡᠭ ᠬᠥᠮᠦᠨ ᠦ᠌ ᠤᠬᠠᠭᠠᠨ ᠣᠷᠣᠭᠰᠠᠨ ᠠᠮᠢᠲᠠᠨ ᠪᠠᠢᠵᠤ ᠳᠠ ᠬᠥᠭᠡᠷᠦᠬᠦᠢ! ᠬᠡᠳᠦ ᠬᠣᠨᠣᠭᠠᠳ ᠨᠢᠭᠡ ᠲᠠᠤᠯᠠᠢ᠂ ᠭᠤᠷᠭᠤᠤᠯ ᠪᠤᠶᠤ ᠭᠤᠷ᠎ᠠ ᠵᠦᠷ᠁ ᠵᠡᠷᠭᠡ ᠠᠩ ᠤ᠋ᠨ ᠭᠠᠨᠵᠤᠭ᠎ᠠ ᠵᠠᠭᠤᠵᠤ ᠠᠪᠴᠢᠷᠠᠭᠠᠳ ᠬᠠᠳᠠᠨ ᠬᠣᠩᠭᠢᠯ ᠤ᠋ᠨ ᠠᠮᠠᠨ ᠳ᠋ᠤ᠌ ᠲᠠᠯᠪᠢᠳᠠᠭ ᠪᠣᠯᠪᠠ᠃ ᠰᠡᠭᠦᠯ ᠰᠡᠭᠦᠯᠳᠡᠭᠰᠡᠭᠡᠷ ᠮᠡᠷᠭᠡᠨ ᠴᠠᠭᠠᠨ ᠯᠠᠮᠠᠬᠠᠢ ᠲᠠᠢ ᠪᠦᠷ ᠳᠠᠳᠴᠤ ᠡᠪᠦᠭᠡᠨ ᠦ᠌ ᠬᠣᠨᠢᠨ ᠤ᠋ ᠰᠡᠭᠦᠯ ᠦ᠋ᠨ ᠥᠳᠥ ᠶ᠋ᠢ ᠲᠡᠭᠦᠵᠦ ᠢᠳᠡᠳᠡᠭ ᠢ᠋ ᠴᠦ᠍ ᠮᠡᠳᠡᠭᠰᠡᠨ ᠰᠢᠭ ᠬᠣᠶᠠᠷ ᠳᠣᠯᠣᠭ᠎ᠠ ᠬᠣᠨᠣᠭᠠᠳ ᠲᠠᠯᠲᠤ ᠴᠢᠨᠣ᠎ᠠ ᠡᠪᠦᠭᠡᠨ ᠳ᠋ᠦ᠍ ᠨᠢᠭᠡ ᠬᠣᠨᠢ ᠠᠪᠠᠯᠠᠵᠤ ᠠᠪᠴᠢᠷᠠᠳᠠᠭ ᠪᠣᠯᠪᠠ᠃ ᠮᠡᠷᠭᠡᠨ ᠴᠠᠭᠠᠨ ᠯᠠᠮᠠᠬᠠᠢ ᠴᠦ᠍ ᠬᠣᠨᠢᠨ ᠤ᠋ ᠤᠭᠤᠴᠠ ᠰᠡᠭᠦᠯ ᠢ᠋ ᠯᠡ ᠦᠯᠡᠳᠡᠭᠡᠭᠡᠳ᠂ ᠪᠤᠰᠤᠳ ᠰᠢᠭᠢᠷ᠎ᠡ ᠲᠣᠯᠣᠭᠠᠢ ᠬᠠ ᠭᠤᠶ᠎ᠠ ᠶ᠋ᠢ ᠨᠢ ᠬᠦᠷᠲᠡᠯ᠎ᠡ ᠴᠢᠨᠣ᠎ᠠ ᠳ᠋ᠤ᠌ ᠬᠠᠶᠠᠵᠤ ᠥᠭᠳᠡᠭ᠃ ᠢᠩᠭᠢᠬᠦ ᠪᠡᠷ ᠪᠠᠷᠠᠬᠤ ᠦᠭᠡᠢ ᠲᠠᠯᠲᠤ ᠭᠢᠴᠢᠢ  ᠬᠣᠶᠠᠷ ᠴᠦ᠍ ᠮᠡᠷᠭᠡᠨ ᠴᠠᠭᠠᠨ ᠯᠠᠮᠠᠬᠠᠢ ᠶ᠋ᠢᠨ ᠬᠣᠲᠠᠴᠢ ᠨᠣᠬᠠᠢ ᠰᠢᠭ᠋ ᠬᠠᠶᠠᠭ᠎ᠠ ᠰᠠᠬᠢᠵᠤ᠂ ᠬᠠᠯᠳᠠᠷ᠎ᠠ ᠢᠷᠡᠬᠦ ᠪᠤᠶᠤ ᠬᠠᠪᠢᠳᠠᠵᠤ ᠢᠷᠡᠭᠰᠡᠨ ᠪᠦᠬᠦᠨ ᠢ᠋ ᠢᠩᠭᠢᠵᠦ ᠨᠢᠳᠤᠷᠴᠤ ᠦᠢᠯᠡ ᠦᠵᠡᠳᠡᠭ ᠪᠣᠯᠪᠠ᠃ ᠬᠠᠷᠢᠨ ᠳᠡᠯᠲᠦ ᠨᠢ ᠮᠡᠷᠭᠡᠨ ᠴᠠᠭᠠᠨ ᠯᠠᠮᠠᠬᠠᠢ ᠶ᠋ᠢ ᠭᠠᠳᠠᠭᠰᠢ ᠶᠠᠪᠤᠬᠤ ᠪᠣᠯᠭᠠᠨ ᠵᠠᠢᠰᠬᠠᠨ ᠭᠠᠵᠠᠷ ᠠ᠋ᠴᠠ ᠭᠡᠲᠡᠵᠦ ᠬᠠᠮᠠᠭᠠᠯᠠᠳᠠᠭ ᠪᠣᠯᠤᠭᠰᠠᠨ ᠪᠠᠢᠨ᠎ᠠ᠃ 
       ᠳᠡᠯᠲᠦ ᠭᠢᠴᠢᠢ ᠬᠣᠶᠠᠷ ᠴᠢᠨᠣ᠎ᠠ ᠮᠡᠷᠭᠡᠨ ᠴᠠᠭᠠᠨ ᠯᠠᠮᠠᠬᠠᠢ ᠶ᠋ᠢᠨ ᠳᠡᠷᠭᠡᠳᠡ ᠴᠣᠩᠨᠣᠢᠨ ᠰᠠᠭᠤᠭᠰᠠᠨ ᠨᠢ ᠠᠢᠩᠭᠤᠷᠢᠲᠠᠢ ᠬᠠᠷᠠᠭᠳᠠᠨ᠎ᠠ᠃ 
       — ᠵᠠ᠂ ᠴᠢ ᠣᠳᠣ ᠴᠢᠮᠡᠭᠡ ᠦᠭᠡᠢ ᠡᠯᠢᠭᠡ ᠲᠦᠷᠦᠭᠦᠯᠡᠨ ᠬᠡᠪᠲᠡ! ᠪᠢ ᠰᠢᠷᠬ᠎ᠠ ᠶ᠋ᠢ ᠴᠢᠨᠢ ᠠᠨᠠᠭᠠᠵᠤ ᠥᠭᠭᠦᠶ᠎ᠡ ᠭᠡᠳ ᠮᠡᠷᠭᠡᠨ ᠴᠠᠭᠠᠨ ᠯᠠᠮᠠᠬᠠᠢ《ᠭᠢᠴᠢᠢ ᠠ᠋!》 ᠭᠡᠵᠦ ᠳᠠᠭᠤᠳᠠᠨ ᠡᠷᠡᠦ ᠪᠡᠷ ᠢ᠋ᠶ᠋ᠡᠨ ᠵᠠᠩᠴᠤᠪ ᠤ᠋ᠨ ᠲᠠᠬᠢᠮ ᠤᠷᠤᠭᠤ ᠳᠣᠬᠢᠪᠠᠯ᠂ ᠲᠡᠷᠡ ᠳᠣᠭᠣᠯᠠᠩ ᠭᠢᠴᠢᠢ ᠵᠠᠩᠴᠤᠪ ᠤ᠋ᠨ ᠴᠢᠰᠤ ᠴᠤᠪᠤᠭᠰᠠᠨ ᠰᠣᠷᠪᠢ ᠶ᠋ᠢ ᠴᠡᠪᠡᠷᠯᠡᠨ ᠳᠣᠯᠢᠶᠠᠪᠠ᠃ 
       ᠮᠡᠷᠭᠡᠨ ᠴᠠᠭᠠᠨ ᠯᠠᠮᠠᠬᠠᠢ ᠳᠡᠯᠲᠦ ᠶ᠋ᠢᠨ ᠵᠣᠭᠳᠣᠷ ᠠ᠋ᠴᠠ ᠴᠢᠮᠬᠢ ᠬᠠᠢᠴᠢᠯᠠᠵᠤ᠂ ᠭᠢᠴᠢᠢ ᠶ᠋ᠢᠨ ᠰᠡᠭᠦᠯ ᠦ᠋ᠨ ᠦᠵᠦᠭᠦᠷ ᠡᠴᠡ ᠴᠢᠮᠬᠢ ᠬᠠᠢᠴᠢᠯᠠᠨ᠂ ᠬᠡᠲᠡ ᠬᠠᠪᠢᠷᠴᠤ ᠰᠢᠲᠠᠭᠠᠭᠠᠳ ᠬᠡᠦᠷᠰᠢᠭᠰᠡᠨ ᠬᠠᠷ᠎ᠠ ᠬᠢᠷᠪᠤᠰᠤ ᠶ᠋ᠢ ᠳᠥᠷᠪᠡᠨ ᠰᠣᠶᠣᠭᠠᠨ ᠤ᠋ ᠣᠷᠣᠮ ᠳ᠋ᠤᠨᠢ ᠬᠠᠯᠠᠭᠤᠨ ᠢ᠋ᠶ᠋ᠠᠷ ᠨᠢ ᠰᠢᠷᠳ᠋ ᠬᠢᠲᠡᠯ᠎ᠡ ᠳᠠᠷᠤᠪᠠ᠃ ᠲᠡᠭᠡᠭᠡᠳ ᠳᠡᠭᠡᠷ᠎ᠡ ᠡᠴᠡ ᠨᠢ ᠵᠢᠰᠢᠩᠭᠠᠷᠪᠤ ᠶ᠋ᠢᠨ ᠦᠨᠡᠰᠦ ᠪᠡᠷ ᠨᠠᠢᠷᠠᠭᠰᠠᠨ ᠲᠣᠰᠣᠷᠬᠠᠭ ᠡᠮ ᠲᠦᠷᠬᠢᠪᠡ᠃ 
       ᠵᠠᠩᠴᠤᠪ ᠤ᠋ᠨ ᠲᠠᠬᠢᠮ ᠤ᠋ᠨ ᠰᠣᠷᠪᠢ ᠨᠢᠭᠡ ᠵᠢᠮᠵᠢᠭᠢᠨᠡᠵᠦ ᠠᠪᠤᠭᠠᠳ ᠰᠡᠷᠢᠭᠦᠦ ᠲᠠᠲᠠᠨ᠎ᠠ᠃ 
       — ᠵᠠ᠂ ᠪᠣᠰ! ᠣᠳᠣ ᠠᠵᠢᠭ ᠦᠭᠡᠢ ᠠ᠋! ᠭᠡᠳ ᠴᠠᠭᠠᠳᠤ ᠬᠣᠩᠭᠢᠯ ᠤ᠋ᠨ ᠬᠠᠨᠠᠨ ᠳ᠋ᠤ᠌ ᠬᠠᠪᠴᠢᠭᠤᠯᠤᠭᠰᠠᠨ ᠪᠢᠴᠢᠬᠠᠨ ᠪᠣᠭᠣᠳᠠᠯ ᠠ᠋ᠴᠠ ᠨᠢᠭᠡ ᠡᠮᠬᠦ ᠬᠠᠲᠠᠩᠬᠠᠢ ᠰᠢᠷᠪᠥᠰᠥᠯᠢᠭ ᠮᠢᠬ᠎ᠠ ᠠᠪᠴᠤ ᠥᠭᠭᠦᠭᠰᠡᠨ ᠳ᠋ᠦ᠍ ᠵᠠᠩᠴᠤᠪ《ᠶᠠᠭᠤ ᠴᠦ᠍ ᠶᠤᠮ ᠪᠣᠯ ᠠ᠋?》 ᠭᠡᠵᠦ ᠢᠳᠡ ᠶᠠᠳᠠᠨ ᠪᠠᠢᠬᠤ ᠶ᠋ᠢ ᠬᠠᠷᠠᠭᠰᠠᠨ ᠮᠡᠷᠭᠡᠨ ᠴᠠᠭᠠᠨ ᠯᠠᠮᠠᠬᠠᠢ᠄  
       — ᠢᠳᠡ᠂ ᠢᠳᠡ! ᠢᠳᠡᠴᠢᠬᠡ ᠬᠦᠦ ᠮᠢᠨᠢ᠂ ᠬᠣᠢᠯᠣᠭ ᠤ᠋ᠨ ᠬᠠᠲᠠᠭᠠᠮᠠᠯ ᠪᠣᠷᠴᠠ ᠶᠤᠮ ᠠ᠋! ᠰᠢᠷᠬ᠎ᠠ ᠠᠨᠠᠭᠠᠳᠠᠭ ᠶᠤᠮ᠃ ᠡᠭᠦᠨ ᠢ᠋ ᠢᠳᠡᠴᠢᠬᠡᠪᠡᠯ ᠪᠡᠶ᠎ᠡ ᠶ᠋ᠢᠨ ᠴᠢᠨᠢ ᠰᠢᠷᠬ᠎ᠠ ᠥᠴᠦᠬᠡᠨ ᠴᠦ᠍ ᠰᠣᠷᠪᠢ ᠰᠠᠭᠤᠬᠤ ᠦᠭᠡᠢ ᠠᠨᠢᠴᠢᠬᠠᠨ᠎ᠠ ᠭᠡᠯ᠎ᠡ᠃ 
       ᠮᠡᠷᠭᠡᠨ ᠴᠠᠭᠠᠨ ᠯᠠᠮᠠᠬᠠᠢ ᠴᠠᠭᠠᠰᠢ ᠥᠴᠥᠭᠡᠨᠡᠵᠦ ᠶᠠᠪᠤᠭᠠᠳ᠂ ᠭᠠᠯ ᠳ᠋ᠤ᠌ ᠲᠦᠯᠡᠭᠳᠡᠵᠦ ᠬᠠᠷᠠᠯᠠᠭᠰᠠᠨ ᠭᠤᠷᠪᠠᠨ ᠣᠴᠣᠭ ᠴᠢᠯᠠᠭᠤᠨ ᠳᠡᠭᠡᠷ᠎ᠡ ᠭᠠᠤᠯᠢᠨ ᠲᠣᠭᠣᠭ᠎ᠠ ᠲᠠᠯᠪᠢᠵᠤ᠂ ᠮᠥᠷᠦᠨ ᠳ᠋ᠡᠭᠡᠨ ᠬᠣᠣᠰ ᠰᠡᠨᠵᠢᠲᠡᠢ ᠵᠡᠰ ᠲᠤᠩᠬᠤᠤ ᠠ᠋ᠴᠠ ᠲᠣᠭᠣᠭ᠎ᠠ ᠤᠷᠤᠭᠤ ᠪᠠᠨ ᠤᠰᠤ ᠬᠢᠵᠦ ᠴᠠᠢ ᠴᠢᠨᠠᠬᠤ ᠪᠠᠷ ᠭᠠᠯ ᠨᠣᠴᠣᠭᠠᠪᠠ᠃ ᠬᠡᠲᠡ ᠴᠠᠬᠢᠭᠤᠷ ᠤ᠋ᠨ ᠦᠰᠦᠷᠦᠭᠰᠡᠨ ᠭᠠᠯ ᠤ᠋ᠨ ᠣᠴᠢ᠂ ᠬᠤᠰᠤᠨ ᠤ᠋ ᠬᠠᠯᠢᠰᠤᠨ ᠳ᠋ᠤ᠌ ᠲᠦᠰᠦᠷᠴᠦ᠂ ᠭᠠᠯ ᠦᠵᠡᠭᠰᠡᠨ ᠬᠤᠰᠤᠨ ᠤ᠋ ᠬᠠᠯᠢᠰᠤ ᠬᠥᠳᠥᠰᠥ ᠰᠢᠭ ᠠᠲᠤᠷᠢᠯᠳᠤᠨ ᠰᠢᠳᠡᠨ᠎ᠡ᠃  
       ᠮᠡᠷᠭᠡᠨ ᠴᠠᠭᠠᠨ ᠯᠠᠮᠠᠬᠠᠢ ᠶ᠋ᠢᠨ ᠣᠷᠣᠩᠨᠠᠳᠠᠭ ᠬᠠᠳᠠᠨ ᠬᠣᠩᠭᠢᠯ ᠤ᠋ᠨ ᠨᠠᠷᠠᠪᠴᠢ ᠡᠨᠡ ᠲᠡᠷᠡ ᠵᠠᠢᠴᠠ ᠲᠠᠢ ᠭᠠᠵᠠᠷ ᠢ᠋ᠶ᠋ᠠᠷ ᠡᠯᠳᠡᠪ ᠡᠪᠡᠰᠦᠨ ᠡᠮ ᠬᠠᠲᠠᠭᠠᠵᠤ᠂ ᠪᠦᠳᠦᠭᠦᠯᠢᠭ ᠵᠦᠰᠦᠭᠰᠡᠨ ᠭᠤᠷ᠎ᠠ ᠶ᠋ᠢᠨ ᠠᠷᠠᠰᠤᠨ ᠰᠤᠷ ᠳᠡᠭᠡᠰᠦᠨ ᠲᠠᠲᠠᠪᠴᠢ ᠪᠠᠷ ᠭᠥᠷᠦᠭᠡᠰᠦᠨ ᠦ᠌ ᠬᠠᠷ᠎ᠠ ᠪᠣᠷᠴᠠ ᠬᠠᠲᠠᠭᠠᠭᠰᠠᠨ ᠪᠠᠢᠯ᠎ᠠ᠃ ᠨᠡᠯᠢᠶᠡᠳ ᠳᠣᠲᠣᠭᠰᠢ ᠪᠠᠨ ᠰᠠᠯᠬᠢ ᠵᠢᠪᠠᠷ ᠦᠵᠡᠳᠡᠭ ᠦᠭᠡᠢ ᠨᠢᠭᠤᠴᠠᠭᠠᠢ ᠭᠠᠵᠠᠷ ᠲᠤ ᠣᠷᠬᠣᠳᠠᠢ ᠶ᠋ᠢᠨ ᠲᠥᠮᠥᠰᠥ᠂ ᠬᠦᠳᠡᠷᠢ ᠶ᠋ᠢᠨ ᠬᠦᠢᠰᠦ(ᠵᠢᠭᠠᠷ)᠂ ᠪᠤᠭᠤ ᠶ᠋ᠢᠨ ᠡᠪᠡᠷ᠂ ᠴᠢᠨᠣ᠎ᠠ ᠶ᠋ᠢᠨ ᠰᠢᠷᠪᠥᠰᠥ᠁ ᠵᠡᠷᠭᠡ ᠵᠠᠷᠢᠮ ᠨᠡᠷ᠎ᠡ ᠥᠭᠴᠦ ᠴᠢᠳᠠᠬᠤ ᠦᠭᠡᠢ ᠶᠠᠩᠵᠤ ᠶ᠋ᠢᠨ ᠶᠠᠩᠵᠤ ᠶ᠋ᠢᠨ ᠬᠣᠪᠣᠷ ᠡᠮ ᠦ᠋ᠨ ᠵᠦᠢᠯ ᠢ᠋ ᠡᠪᠡᠷᠡᠭᠡᠭᠰᠡᠨ ᠪᠠᠢᠪᠠ᠃  
       ᠬᠣᠩᠭᠢᠯ ᠤ᠋ᠨ ᠢ᠋ᠶ᠋ᠠᠨ ᠪᠠᠷᠠᠭᠤᠨ ᠬᠣᠢᠭᠤᠷ ᠰᠦᠬᠡ ᠪᠡᠷ ᠴᠠᠪᠴᠢᠭᠰᠠᠨ ᠰᠢᠭ᠋ ᠳᠠᠪ ᠲᠡᠭᠰᠢᠬᠡᠨ ᠰᠢᠷᠡᠭᠡ ᠬᠠᠳᠠᠨ ᠤ᠋ ᠳᠡᠭᠡᠷ᠎ᠡ ᠪᠡᠨ ᠬᠠᠯᠢᠭᠤᠨ ᠰᠢᠷᠭᠠᠯ ᠵᠢᠰᠦᠮ ᠦ᠋ᠨ ᠮᠣᠷᠢ ᠤᠨᠤᠭᠰᠠᠨ᠂ ᠬᠣᠶᠠᠷ ᠮᠥᠷᠦᠨ ᠳᠡᠭᠡᠷ᠎ᠡ ᠪᠡᠨ ᠬᠠᠷᠴᠠᠭᠠᠢ ᠪᠦᠷᠭᠦᠳ ᠳᠡᠷᠪᠡᠭᠦᠯᠵᠦ᠂ ᠬᠠᠵᠠᠭᠤ ᠳ᠋ᠠᠭᠠᠨ ᠬᠠᠯᠢᠭᠤᠨ ᠲᠠᠢᠭ᠎ᠠ ᠳᠠᠭᠠᠭᠤᠯᠤᠨ ᠥᠪᠴᠢ ᠪᠡᠬᠢ ᠰᠢᠷᠢᠨ ᠬᠤᠶᠠᠭ ᠳᠤᠭᠤᠯᠠᠭ᠎ᠠ ᠲᠠᠢ ᠨᠤᠮᠤ ᠰᠠᠭᠠᠳᠠᠭ ᠠᠭᠰᠠᠭᠰᠠᠨ ᠮᠤᠨᠠ ᠬᠠᠨ ᠤ᠋ ᠬᠥᠷᠥᠭ ᠢ᠋ ᠳᠡᠭᠡᠳᠦᠯᠡᠨ ᠲᠠᠬᠢᠵᠠᠢ᠃ ᠮᠤᠨᠠ ᠬᠠᠨ ᠤ᠋ ᠬᠥᠷᠥᠭ ᠦ᠋ᠨ ᠡᠮᠦᠨ᠎ᠡ ᠡᠳᠦᠷ ᠰᠥᠨᠢ ᠶ᠋ᠢᠨ ᠡᠭᠡᠯᠵᠢᠨ ᠳ᠋ᠦ᠍ ᠪᠥᠬᠥᠳᠡᠭ ᠦᠭᠡᠢ ᠮᠥᠩᠬᠡ ᠵᠤᠯᠠ ᠶ᠋ᠢᠨ ᠲᠠᠬᠢᠯᠭ᠎ᠠ ᠲᠠᠢ᠃ ᠨᠡᠩ ᠭᠠᠢᠬᠠᠭᠤᠰᠢᠲᠠᠢ ᠨᠢ ᠬᠠᠳᠠᠨ ᠬᠣᠩᠭᠢᠯ ᠤ᠋ᠨ ᠠᠮᠠᠰᠠᠷ ᠤ᠋ᠨ ᠵᠡᠭᠦᠨ ᠲᠠᠯ᠎ᠠ ᠳ᠋ᠤ᠌ ᠲᠣᠰᠣᠨ ᠳ᠋ᠤ᠌ ᠪᠠᠷᠢᠯᠳᠤᠭᠰᠠᠨ ᠠᠴᠠ ᠬᠡᠯᠪᠡᠷᠢᠲᠡᠢ ᠢᠷᠭᠠᠢ ᠶ᠋ᠢᠨ ᠥᠷᠥᠭᠡᠰᠦᠨ ᠱᠣᠷᠣᠨ ᠦᠵᠦᠭᠦᠷ ᠲᠦ᠍ ᠮᠤᠬᠤᠷ ᠤᠭᠤᠴᠠ ᠲᠠᠢ ᠬᠣᠨᠢᠨ ᠤ᠋ ᠰᠡᠭᠦᠯ ᠡᠯᠭᠦᠭᠰᠡᠨ ᠪᠠᠢᠯ᠎ᠠ᠃ ᠲᠡᠷᠡ ᠬᠣᠨᠢᠨ ᠤ᠋ ᠰᠡᠭᠦᠯ ᠦᠨᠦᠷ ᠲᠠᠨᠢᠷ ᠣᠷᠣᠵᠤ ᠥᠲᠥᠨ ᠦ᠌ ᠨᠣᠭᠣᠭᠠᠨ ᠪᠠᠲᠠᠭᠠᠨ᠎ᠠ ᠬᠠᠷᠠᠯᠠᠲᠠᠯ᠎ᠠ ᠰᠠᠭᠤᠵᠤ᠂ ᠮᠢᠬᠠᠨ ᠤ᠋ ᠴᠠᠭᠠᠨ ᠴᠠᠭᠠᠨ ᠥᠳᠥ ᠨᠦ᠍ᠭᠦᠳ ᠠᠷᠵᠠᠭᠠᠨᠠᠨ᠎ᠠ᠃ ᠡᠷᠲᠡ ᠦᠷᠡᠵᠢᠭᠰᠡᠨ ᠥᠳᠥ ᠨᠢ ᠲᠤᠲᠤᠷᠭ᠎ᠠ ᠪᠤᠳᠠᠭ᠎ᠠ ᠶ᠋ᠢᠨ ᠴᠢᠨᠡᠭᠡ ᠪᠣᠯᠵᠤ ᠠᠷᠵᠠᠭᠠᠨᠠᠬᠤ ᠨᠢ ᠣᠭᠰᠢᠭᠤ ᠬᠦᠷᠭᠡᠮ᠎ᠡ᠁ 
       ᠴᠠᠢ ᠪᠤᠴᠠᠯᠪᠠ᠃ ᠰᠤᠭᠤ ᠶ᠋ᠢᠨ ᠰᠦ ᠪᠡᠷ ᠨᠠᠢᠷᠠᠭᠤᠯᠤᠭᠰᠠᠨ ᠰᠢᠷᠭᠠᠯ ᠴᠠᠢ ᠶ᠋ᠢᠨ ᠦᠨᠦᠷ ᠬᠠᠳᠠᠨ ᠬᠣᠩᠭᠢᠯ ᠳ᠋ᠤ᠌ ᠰᠡᠩᠬᠢ ᠲᠠᠲᠠᠨ᠎ᠠ᠃  
       ᠲᠡᠭᠰᠢᠬᠡᠨ ᠬᠠᠪᠲᠠᠭᠠᠢ ᠴᠢᠯᠠᠭᠤᠨ ᠰᠢᠷᠡᠭᠡᠨ ᠳᠡᠭᠡᠷ᠎ᠡ ᠭᠥᠷᠦᠭᠡᠰᠦᠨ ᠦ᠌ ᠬᠦᠷᠡᠩ ᠪᠣᠷᠴᠠ᠂ ᠰᠢᠷ᠎ᠠ ᠲᠣᠰᠣ ᠵᠡᠷᠭᠡ ᠶ᠋ᠢᠨ ᠳᠥᠬᠥᠮᠬᠡᠨ ᠢᠳᠡᠭᠡᠨ ᠦ᠌ ᠵᠦᠢᠯ ᠲᠠᠯᠪᠢᠵᠤ᠄  
       — ᠵᠠ᠂ ᠬᠦᠦ ᠮᠢᠨᠢ᠂ ᠪᠣᠷᠴᠠ ᠬᠥᠰᠬᠥᠯᠡᠵᠦ ᠴᠠᠢ ᠤᠤᠭᠤ! ᠨᠠᠭᠠᠨ᠎ᠠ ᠴᠢᠨᠢ ᠰᠢᠷ᠎ᠠ ᠲᠣᠰᠣ᠂ ᠪᠤᠷᠠᠮ ᠪᠠᠢᠨ᠎ᠠ ᠭᠡᠳ ᠥᠪᠡᠷ ᠢ᠋ᠶ᠋ᠡᠨ ᠭᠤᠷ᠎ᠠ ᠶ᠋ᠢᠨ ᠢᠨᠵᠠᠭᠠᠨ ᠤ᠋ ᠢᠯᠭᠢ ᠳᠡᠯᠭᠡᠵᠦ ᠥᠨᠥᠬᠢ ᠥᠳᠥ ᠴᠠᠴᠤᠭᠰᠠᠨ ᠬᠣᠨᠢᠨ ᠤ᠋ ᠰᠡᠭᠦᠯ ᠢ᠋ᠶ᠋ᠡᠨ ᠠᠪᠴᠢᠷᠠᠵᠤ ᠭᠤᠷ᠎ᠠ ᠶ᠋ᠢᠨ ᠡᠪᠡᠷ ᠢ᠋ᠶ᠋ᠡᠷ ᠲᠣᠮᠣᠬᠠᠨ ᠰᠢᠭ᠋ ᠥᠳᠥ ᠶ᠋ᠢ ᠨᠢ ᠫᠡᠷᠴᠢᠭᠢᠨᠡᠲᠡᠯ᠎ᠡ ᠤᠨᠠᠭᠠᠨ᠎ᠠ᠃ ᠠᠳᠬᠤ ᠬᠢᠷᠢᠲᠡᠢ ᠴᠤᠭᠯᠠᠭᠤᠯᠤᠭᠰᠠᠨ ᠠᠷᠵᠠᠭᠠᠨᠠᠭᠰᠠᠨ ᠲᠤᠲᠤᠷᠭ᠎ᠠ ᠶ᠋ᠢᠨ ᠴᠢᠨᠡᠭᠡ ᠴᠠᠭᠠᠨ ᠥᠳᠥ ᠨᠦ᠍ᠭᠦᠳ ᠢ᠋ ᠮᠣᠳᠣᠨ ᠰᠢᠭᠢᠪᠦᠷ① ᠲᠦ᠍ ᠬᠢᠵᠦ ᠰᠢᠷ᠎ᠠ ᠲᠣᠰᠣᠨ ᠳ᠋ᠤ᠌ ᠲᠥᠷᠥᠵᠦ ᠪᠤᠷᠠᠮ ᠳ᠋ᠤ᠌ ᠪᠥᠮᠪᠥᠷᠢᠭᠦᠯᠦᠭᠡᠳ ᠱᠠᠵᠢᠭᠢᠨᠠᠲᠠᠯ᠎ᠠ ᠵᠠᠵᠢᠯᠵᠤ ᠢᠳᠡᠨ᠎ᠡ᠃  
       ᠵᠠᠩᠴᠤᠪ ᠡᠭᠦᠨ ᠢ᠋ ᠬᠠᠷᠠᠭᠠᠳ ᠨᠢᠳᠦ ᠨᠢ ᠬᠠᠯᠢᠷᠠᠵᠤ ᠳᠤᠷ᠎ᠠ ᠪᠤᠯᠭᠢᠪᠠ᠃ ᠲᠡᠭᠡᠪᠡᠴᠦ ᠮᠡᠷᠭᠡᠨ ᠴᠠᠭᠠᠨ ᠯᠠᠮᠠᠬᠠᠢ ᠶ᠋ᠢᠨ ᠡᠮᠦᠨ᠎ᠡ ᠶᠠᠭᠠᠬᠢᠵᠤ ᠴᠦ᠍ ᠣᠭᠰᠢᠭᠤᠯᠤᠨ ᠭᠤᠯᠭᠢᠬᠤ ᠪᠢᠯᠡ⁈ ᠲᠡᠭᠡᠵᠦ ᠴᠢᠳᠠᠬᠤ ᠦᠭᠡᠢ ᠠᠶᠠᠭᠠᠨ ᠳ᠋ᠠᠬᠢ ᠬᠥᠰᠬᠥᠯᠡᠭᠰᠡᠨ ᠪᠣᠷᠴᠠ ᠪᠠᠨ ᠠᠯᠪᠠ ᠪᠠᠷ ᠵᠠᠵᠢᠯᠵᠤ ᠰᠠᠭᠤᠨ᠎ᠠ᠃  
       ᠯᠠᠮᠠᠬᠠᠢ ᠵᠠᠩᠴᠤᠪ ᠲᠤ ᠳᠣᠯᠣᠭᠠᠨ ᠪᠣᠭᠣᠳᠠᠯ ᠡᠮ ᠪᠠᠭᠯᠠᠵᠤ ᠳᠡᠭᠡᠷ᠎ᠡ ᠡᠴᠡ ᠨᠢ ᠲᠦᠷᠬᠢᠳᠡᠭ ᠡᠮ ᠭᠡᠵᠦ ᠴᠢᠮᠬᠢ ᠬᠢᠷᠢᠲᠡᠢ ᠲᠣᠰᠣᠷᠬᠠᠭ ᠡᠮ ᠥᠭᠪᠡ᠃
       — ᠡᠭᠦᠨ ᠢ᠋ ᠣᠷᠣᠢ ᠤᠨᠲᠠᠬᠤ ᠳ᠋ᠤᠨᠢ ᠴᠢᠨᠠᠵᠤ ᠤᠤᠭᠤᠯᠭ᠎ᠠ! ᠠᠷᠢᠬᠢ ᠪᠠᠢᠪᠠᠯ ᠡᠪᠡᠷᠰᠢᠶᠡᠭᠰᠡᠨ ᠭᠠᠵᠠᠷ ᠲᠤᠨᠢ ᠦᠯᠢᠶᠡᠵᠦ ᠡᠨᠡ ᠲᠣᠰᠣᠷᠬᠠᠭ ᠡᠮ ᠢ᠋ ᠲᠦᠷᠬᠢ! 
       — ᠠᠷᠢᠬᠢ ᠠᠯᠠᠭ᠎ᠠ ᠳᠠ! ᠪᠠᠭᠰᠢ ᠯᠠᠮᠠᠬᠠᠢ ᠠ᠋! ᠭᠡᠵᠦ ᠵᠠᠩᠴᠤᠪ ᠴᠢᠷᠠᠢᠴᠢᠯᠠᠪᠠᠯ᠄ 
       — ᠠᠷᠢᠬᠢ ᠪᠠᠢᠬᠤ ᠦᠭᠡᠢ ᠪᠣᠯ ᠰᠢᠷ᠎ᠠ ᠲᠣᠰᠣ ᠲᠦᠷᠬᠢᠵᠦ ᠡᠪᠡᠳᠬᠦ ᠬᠠᠪᠤᠳᠠᠷ ᠲᠠᠢ ᠭᠠᠵᠠᠷ ᠲᠤᠨᠢ ᠬᠠᠯᠠᠲᠠᠯ᠎ᠠ ᠢᠯᠢᠭᠡᠳ ᠡᠨᠡ ᠡᠮ ᠢ᠋ ᠲᠦᠷᠬᠢ! ᠲᠡᠭᠡᠭᠡᠳ ᠳᠣᠯᠣᠭ᠎ᠠ ᠬᠣᠨᠣᠭ ᠲᠤ ᠰᠡᠪ ᠦᠭᠡᠢ ᠡᠳᠡᠭᠡᠬᠦ ᠪᠣᠢ ᠭᠡᠵᠦ ᠮᠡᠷᠭᠡᠨ ᠴᠠᠭᠠᠨ ᠯᠠᠮᠠᠬᠠᠢ ᠵᠠᠩᠴᠤᠪ ᠲᠤ ᠵᠠᠬᠢᠪᠠ᠃ 
       ᠵᠠᠩᠴᠤᠪ᠂ ᠮᠡᠷᠭᠡᠨ ᠴᠠᠭᠠᠨ ᠯᠠᠮᠠᠬᠠᠢ ᠠ᠋ᠴᠠ ᠡᠵᠢ ᠶ᠋ᠢᠨ ᠢ᠋ᠶ᠋ᠡᠨ ᠪᠡᠷᠲᠡᠭᠰᠡᠨ ᠶᠠᠰᠤᠨ ᠤ᠋ ᠠᠷᠬᠠᠭ ᠲᠤ ᠡᠮ ᠵᠠᠯᠠᠵᠤ ᠠᠪᠤᠭᠰᠠᠨ ᠳ᠋ᠠᠭᠠᠨ ᠪᠠᠶᠠᠷᠯᠠᠭᠰᠠᠨ ᠭᠡᠳᠡᠭ ᠨᠢ ᠵᠢᠭᠲᠡᠢ᠃ ᠱᠠᠭᠠᠵᠠᠭᠠᠢ ᠵᠡᠭᠦᠦ ᠣᠯᠵᠤ ᠠᠪᠤᠭᠠᠳ ᠪᠠᠶᠠᠷᠯᠠᠬᠤ ᠳ᠋ᠠᠭᠠᠨ ᠲᠠᠯᠪᠢᠬᠤ ᠭᠠᠵᠠᠷ ᠢ᠋ᠶ᠋ᠠᠨ ᠣᠯᠳᠠᠭ ᠦᠭᠡᠢ ᠮᠣᠳᠣ ᠳᠠᠮᠵᠢᠨ ᠱᠠᠭᠰᠢᠳᠠᠭ ᠭᠡᠳᠡᠭ ᠢ᠋ᠶ᠋ᠡᠷ ᠵᠠᠩᠴᠤᠪ ᠴᠦ᠍ ᠲᠡᠭᠦᠨ ᠦ᠌ ᠨᠢᠭᠡ ᠪᠣᠯᠵᠠᠢ ᠠ᠋! ᠵᠠᠩᠴᠤᠪ ᠵᠢᠭᠦᠷ ᠤᠷᠭᠤᠭᠰᠠᠨ ᠶᠤᠮ ᠰᠢᠭ᠋ ᠵᠣᠭᠰᠣᠭ᠎ᠠ ᠵᠠᠢ ᠦᠭᠡᠢ ᠭᠦᠶᠦᠵᠦ ᠶᠠᠪᠤᠨ ᠮᠠᠭᠤ ᠣᠪᠣᠬᠠᠢ ᠳ᠋ᠠᠭᠠᠨ ᠬᠦᠷᠪᠡ᠃  
       ᠡᠵᠢ ᠨᠢ ᠡᠪᠡᠳᠬᠦ ᠶ᠋ᠢᠨ ᠡᠪᠡᠷᠰᠢᠶᠡᠯ ᠳ᠋ᠦ᠍ ᠲᠠᠮᠤᠯᠠᠭᠳᠠᠭᠰᠠᠭᠠᠷ ᠪᠠᠢᠵᠤ ᠴᠢᠷᠠᠢ ᠨᠢ ᠴᠢᠰᠤ ᠦᠭᠡᠢ ᠬᠤᠵᠢᠢᠨ᠂ ᠨᠢᠳᠦ ᠪᠡᠨ ᠨᠡᠭᠡᠭᠡᠬᠦ ᠲᠠᠮᠢᠷ ᠦᠭᠡᠢ ᠰᠤᠯᠳᠠᠢᠨ ᠬᠡᠪᠲᠡᠨ᠎ᠡ᠃ 
       ᠵᠠᠩᠴᠤᠪ᠂ ᠮᠡᠷᠭᠡᠨ ᠴᠠᠭᠠᠨ ᠯᠠᠮᠠᠬᠠᠢ ᠶ᠋ᠢᠨ ᠵᠠᠬᠢᠭᠰᠠᠨ ᠶᠣᠰᠣᠭᠠᠷ ᠳᠣᠮᠨᠣᠵᠤ ᠡᠮ ᠴᠢᠨᠠᠵᠤ ᠤᠤᠭᠤᠯᠭᠠᠪᠠ᠃   
       ᠦᠨᠡᠬᠡᠷ ᠥᠷᠭᠡᠰᠦ ᠠᠪᠤᠭᠰᠠᠨ ᠰᠢᠭ᠋ ᠭᠤᠷᠪᠠᠨ ᠬᠣᠨᠣᠭ ᠳᠡᠭᠡᠷ᠎ᠡ ᠪᠡᠨ ᠡᠪᠡᠳᠬᠦ ᠪᠠᠨ ᠪᠣᠯᠢᠵᠤ ᠭᠠᠵᠠᠷ ᠪᠠᠭᠤᠵᠤ ᠠᠯᠬᠤᠬᠤ ᠲᠠᠢ ᠪᠣᠯᠪᠠ᠃ 
       ᠡᠵᠢ ᠶ᠋ᠢᠨ ᠬᠢᠨᠢ ᠡᠪᠡᠳᠴᠢᠨ ᠢᠯᠠᠷᠢᠰᠢᠵᠤ᠂ ᠰᠡᠷᠪᠡᠢᠨ ᠪᠣᠰᠤᠭᠰᠠᠨ ᠳ᠋ᠤ᠌ ᠵᠠᠩᠴᠤᠪ ᠡᠵᠢ ᠳ᠋ᠡᠭᠡᠨ ᠴᠠᠭᠠᠳᠤ ᠡᠳᠦᠷ ᠪᠢ ᠤᠷᠲᠤ ᠴᠠᠭᠠᠨ ᠰᠠᠬᠠᠯ ᠬᠥᠮᠥᠰᠬᠡ ᠲᠡᠢ ᠮᠡᠷᠭᠡᠨ ᠴᠠᠭᠠᠨ ᠯᠠᠮᠠᠬᠠᠢ ᠲᠠᠢ ᠠᠭᠤᠯᠵᠠᠭᠠᠳ ᠡᠮ ᠵᠠᠯᠠᠵᠤ ᠠᠪᠤᠯ᠎ᠠ᠁ ᠬᠠᠶᠠᠭᠠᠨ ᠳ᠋ᠤᠨᠢ ᠴᠢᠨᠣ᠎ᠠ ᠶᠠᠭᠠᠬᠢᠯ᠎ᠠ ᠡᠢᠯ᠎ᠡ᠁ ᠭᠡᠵᠦ ᠦᠵᠡᠵᠦ ᠰᠣᠨᠣᠰᠤᠭᠰᠠᠨ ᠢ᠋ᠶ᠋ᠠᠨ ᠳᠣᠮᠣᠭ ᠰᠢᠤᠬᠠᠨ ᠶᠠᠭᠤᠮ᠎ᠠ ᠶᠠᠷᠢᠭᠰᠠᠨ ᠳ᠋ᠤ᠌ ᠡᠵᠢ ᠨᠢ᠄ 
       — ᠢᠯᠡᠢ! ᠬᠦᠦ ᠮᠢᠨᠢ ᠶᠠᠪᠤᠵᠤ ᠶᠠᠪᠤᠵᠤ《ᠴᠠᠭᠠᠨ ᠡᠪᠦᠭᠡᠨ》 ᠭᠡᠳᠡᠭ ᠪᠤᠷᠬᠠᠨ ᠲᠠᠢ ᠵᠣᠯᠭᠠᠭᠰᠠᠨ ᠶᠤᠮ ᠪᠠᠢᠨ᠎ᠠ᠃ ᠪᠤᠷᠬᠠᠨ ᠲᠩᠷᠢ ᠢᠪᠡᠭᠡᠵᠦ ᠳᠡ ᠬᠦᠦ ᠶ᠋ᠢ ᠮᠢᠨᠢ!  ᠪᠡᠷᠲᠡᠭᠰᠡᠨ ᠶᠠᠰᠤ ᠮᠢᠨᠢ ᠳᠠᠩᠴᠤ ᠨᠢᠭᠡ ᠥᠷᠭᠡᠰᠦ ᠠᠪᠤᠭᠰᠠᠨ ᠶᠤᠮ ᠰᠢᠭ᠋ ᠡᠳᠡᠭᠡᠷᠡᠴᠢᠬᠡᠬᠦ ᠰᠢᠭ ᠪᠣᠯᠤᠯ᠎ᠠ᠁ ᠭᠡᠵᠦ ᠵᠠᠯᠪᠠᠷᠢᠨ ᠨᠠᠮᠠᠨᠴᠢᠯᠠᠨ᠎ᠠ᠃  
       —《ᠴᠠᠭᠠᠨ ᠡᠪᠦᠭᠡᠨ》 ᠪᠢᠰᠢ ᠠ᠋! ᠲᠡᠷᠡ ᠪᠡᠶ᠎ᠡ ᠪᠡᠷ ᠢ᠋ᠶ᠋ᠡᠨ ᠬᠥᠮᠦᠨ! ᠮᠡᠷᠭᠡᠨ ᠴᠠᠭᠠᠨ ᠯᠠᠮᠠᠬᠠᠢ ᠰᠢᠳᠡ! 
       — ᠪᠢᠰᠢ ᠠ᠋! ᠬᠡᠦᠬᠡ ᠠ᠋᠂ ᠲᠡᠷᠡ ᠴᠢᠨᠢ ᠪᠤᠷᠬᠠᠨ! ᠨᠤᠲᠤᠭ ᠤᠰᠤᠨ ᠤ᠋ ᠰᠠᠬᠢᠭᠤᠰᠤ《ᠴᠠᠭᠠᠨ ᠡᠪᠦᠭᠡᠨ》 ᠭᠡᠵᠦ ᠬᠠᠭᠤᠴᠢᠨ ᠤ᠋ ᠬᠥᠮᠦᠰ ᠬᠡᠯᠡᠳᠡᠭ ᠨᠢ ᠣᠷᠣ ᠲᠠᠢ ᠪᠠᠢᠵᠤ ᠳᠠ! ᠭᠡᠵᠦ ᠨᠠᠰᠤᠲᠠᠢ ᠡᠵᠢ ᠨᠢ ᠨᠢᠭᠡᠮᠦᠰᠦᠨ ᠪᠢᠰᠢᠷᠡᠵᠦ ᠰᠢᠲᠦᠭᠰᠡᠨ ᠳ᠋ᠦ᠍ᠨᠢ ᠵᠠᠩᠴᠤᠪ ᠲᠡᠭᠦᠨ ᠦ᠌ ᠠᠶ᠎ᠠ ᠶ᠋ᠢ ᠳᠠᠭᠠᠭᠤᠯᠵᠤ《ᠲᠡᠢᠮᠦ ᠶᠦᠮ ᠪᠠᠢᠨ᠎ᠠ》 ᠭᠡᠪᠡ᠃  
       ᠳᠣᠯᠣᠭ᠎ᠠ ᠬᠣᠨᠣᠭ ᠳᠡᠭᠡᠷ᠎ᠡ ᠪᠡᠨ ᠨᠠᠰᠤᠲᠠᠢ ᠡᠵᠢ ᠶ᠋ᠢᠨ ᠬᠢᠨᠢ ᠪᠡᠷᠲᠡᠭᠰᠡᠨ ᠶᠠᠰᠤ ᠪᠦᠷᠢᠨ ᠡᠳᠡᠭᠡᠷᠡᠵᠦ ᠡᠷᠡᠭᠦᠯ ᠬᠥᠮᠦᠨ ᠰᠢᠭ ᠪᠣᠯᠪᠠ᠃ ᠲᠡᠭᠡᠬᠦ ᠳ᠋ᠦ᠍ ᠨᠠᠰᠤᠲᠠᠢ ᠡᠵᠢ ᠨᠢᠭᠡ ᠴᠠᠭ ᠵᠦᠭᠡᠷ ᠰᠠᠭᠤᠵᠤ ᠴᠢᠳᠠᠬᠤ ᠦᠭᠡᠢ᠂ ᠲᠦᠯᠡᠭᠡ ᠡᠭᠦᠷᠴᠦ᠂ ᠤᠰᠤ ᠣᠢᠷᠠᠲᠤᠭᠤᠯᠬᠤ᠂ ᠬᠠᠶᠠ ᠪᠣᠷᠣᠭᠠᠨ ᠴᠢᠭᠢᠭ ᠲᠡᠢ ᠪᠣᠯ ᠦᠮᠡᠬᠡᠢ ᠰᠣᠩᠭᠢᠨ᠎ᠠ᠂ ᠬᠦᠮᠡᠯᠢ ᠳᠠᠭᠠᠨ᠎ᠠ᠂ ᠵᠡᠷᠯᠢᠭ ᠮᠥᠭᠥ ᠲᠡᠭᠦᠨ᠎ᠡ ᠭᠡᠳ ᠶᠠᠪᠤᠴᠢᠬᠠᠳᠠᠭ ᠪᠣᠯᠪᠠ᠃ 


          ᠦᠰᠦᠭ ᠠᠮᠢᠯᠠᠭᠤᠯᠤᠭᠰᠠᠨ ᠨᠢ᠄ ᠭᠠᠷᠮ᠎ᠠ