ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠲᠠᠪᠤ Үүрийн туяа II – Б ᠂ Ренчин Хоёрдугаар дэвтэр "Гал усны гашуун зовлон"-5 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠲᠠᠪᠤ Үүрийн туяа II – Б ᠂ Ренчин Хоёрдугаар дэвтэр "Гал усны гашуун зовлон"-5

ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠲᠠᠪᠤ Үүрийн туяа II – Б ᠂ Ренчин Хоёрдугаар дэвтэр "Гал усны гашуун зовлон"-5

ᠠᠩᠭᠢᠯᠠᠯ:ᠲᠤᠭᠤᠵᠢ ᠷᠣᠮᠠᠨ
2024-12-26

420

ᠲᠠᠪᠤ᠂ ᠴᠡᠷᠢᠭ ᠦᠨ ᠬᠦᠷᠢᠶᠡᠨ᠎ᠡ


                   ᠠᠶ᠎ᠠ ᠺᠠᠽᠠᠭ ᠮᠢᠨᠢ ᠬᠥᠭᠡᠷᠦᠬᠦᠢ ᠤᠯᠤᠰ ᠮᠢᠨᠢ᠂  
                   ᠠᠮᠠ ᠶᠤᠭᠠᠨ ᠬᠡᠷᠪᠡᠭᠡ ᠦᠭᠡᠢ ᠰᠢᠷᠦᠭᠦᠨ ᠰᠠᠬᠠᠯ ᠢ᠋ᠶ᠋ᠠᠷ ᠪᠥᠭᠯᠡᠵᠡᠢ᠃  
                   ᠵᠡᠭᠦᠨ ᠬᠠᠴᠠᠷ ᠲᠤ᠌ ᠴᠢᠨᠢ ᠮᠠᠭᠤ᠂ ᠪᠠᠷᠠᠭᠤᠨ ᠬᠠᠴᠠᠷ ᠲᠤ᠌ ᠴᠢᠨᠢ ᠰᠠᠢᠨ᠃ 
                   ᠦᠨᠡᠨ ᠨᠢ ᠠᠯᠢ ᠪᠣᠢ? ᠤᠬᠠᠭᠠᠨ ᠴᠢᠨᠢ ᠲᠠᠨᠢᠵᠤ ᠴᠢᠳᠠᠬᠤ ᠦᠭᠡᠢ ᠨᠢ ᠠ᠋᠃     
                                             ᠠᠪᠠᠢ*᠃   

       — ᠱᠠᠮᠪᠠ! ᠪᠠᠢᠨᠠᠤ ᠴᠢ? ᠰᠢᠨ᠎ᠡ ᠴᠡᠷᠢᠭ ᠬᠦᠯᠢᠶᠡᠵᠦ ᠠᠪ! 
       — ᠠ?   
       ᠬᠤᠷᠠᠩᠳᠠ᠂ ᠴᠢᠨᠦ ᠠᠷᠪᠠᠨ ᠳ᠋ᠤ᠌ ᠰᠢᠨ᠎ᠡ ᠴᠡᠷᠢᠭ ᠶᠠᠪᠤᠭᠤᠯᠤᠭᠰᠠᠨ!  
       ᠤᠲᠤᠭ᠎ᠠ ᠢᠰᠦ ᠪᠣᠯᠤᠭᠰᠠᠨ ᠬᠠᠷ᠎ᠠ ᠮᠠᠢᠬᠠᠨ ᠠ᠋ᠴᠠ ᠨᠡᠬᠡᠢ ᠬᠦᠳᠡᠰᠦᠨ ᠳᠡᠪᠡᠯ ᠲᠡᠢ᠂ ᠨᠣᠢᠷᠮᠠᠭ ᠴᠢᠷᠠᠢ ᠲᠠᠢ ᠨᠢᠭᠡ ᠬᠥᠮᠦᠨ ᠭᠠᠷᠴᠤ ᠢᠷᠡᠭᠡᠳ ᠠᠯᠢ ᠪᠣᠢ? ᠭᠡᠵᠦ ᠰᠢᠷᠴᠢᠨ ᠥᠭᠡᠳᠡ ᠬᠠᠷᠠᠭᠠᠳ ᠬᠥᠲᠥᠴᠢ ᠡᠴᠡ ᠵᠠᠮᠰᠦ᠋ᠷᠦᠩᠵᠠᠪ ᠬᠤᠷᠠᠩᠳᠠ ᠶ᠋ᠢᠨ ᠪᠢᠴᠢᠭ ᠪᠠᠢᠨᠠᠤ? ᠭᠡᠵᠦ ᠠᠰᠠᠭᠤᠪᠠ᠃  
       — ᠮᠠᠢ᠂ ᠠᠶᠤᠮᠬᠠᠢ(ᠠᠶᠤᠮᠠᠬᠠᠢ)ᠠᠷᠪᠠᠨ ᠳ᠋ᠠᠭᠠᠨ ᠠᠢᠬᠤᠪᠲᠤᠷ ᠪᠠᠭᠠᠲᠤᠷ ᠢ᠋ᠶ᠋ᠠᠨ ᠬᠦᠯᠢᠶᠡᠵᠦ ᠠᠪ ᠭᠡᠵᠦ ᠰᠢᠷᠴᠢᠨ ᠢ᠋ ᠳᠠᠭᠠᠭᠤᠯᠵᠤ ᠢᠷᠡᠭᠰᠡᠨ ᠬᠥᠲᠥᠴᠢ ᠨᠢᠭᠡ ᠪᠢᠴᠢᠭ ᠱᠠᠮᠪᠠ ᠳ᠋ᠤ᠌ ᠥᠭᠪᠡ᠃ 
       — ᠠᠯᠢ ᠪᠣᠢ ᠲᠡᠷᠡ ᠠᠢᠬᠤᠪᠲᠤᠷ ᠪᠠᠭᠠᠲᠤᠷ ᠴᠢᠨᠢ? ᠭᠡᠵᠦ ᠮᠠᠢᠬᠠᠨ ᠳᠣᠲᠣᠷ᠎ᠠ ᠠ᠋ᠴᠠ ᠤᠷᠠᠩᠬᠠᠢ ᠳᠡᠪᠡᠯ ᠲᠡᠢ ᠲᠠᠪᠤᠨ ᠥᠨᠳᠥᠷ ᠴᠢᠭᠢᠷᠠᠭ ᠬᠠᠷ᠎ᠠ ᠬᠥᠮᠦᠨ ᠪᠤᠯᠲᠠᠢᠵᠤ ᠦᠵᠡᠭᠳᠡᠭᠡᠳ᠂ 
       — ᠬᠠ᠂ ᠬᠠ! ᠠᠢᠬᠤᠪᠲᠤᠷ ᠰᠦᠷᠡᠬᠡᠢ ᠪᠠᠭᠠᠲᠤᠷ ᠡᠷ᠎ᠡ ᠪᠠᠢᠨ᠎ᠠ ᠳᠠ! 
       — ᠬᠣ᠂ ᠬᠣ ᠬᠣ! ᠵᠠ ᠨᠥᠬᠥᠳ ᠮᠢᠨᠢ᠃ ᠣᠳᠣ ᠤᠯᠢᠶᠠᠰᠤᠲᠠᠢ ᠶ᠋ᠢᠨ ᠵᠠᠩᠵᠤᠨ ᠳᠦᠭᠦᠷᠴᠡᠢ᠃ ᠬᠠᠷᠠᠬᠤ ᠦᠭᠡᠢ ᠤᠤ᠂ ᠡᠢᠮᠦ ᠰᠦᠷᠡᠬᠡᠢ ᠪᠠᠭᠠᠲᠤᠷ ᠢ᠋ ᠶᠠᠪᠤᠭᠤᠯᠵᠤ ᠪᠠᠢᠬᠤ ᠳ᠋ᠤ᠌ ᠶᠠᠭᠠᠬᠢᠵᠤ ᠲᠡᠰᠬᠦ ᠪᠣᠢ? 
       — ᠦᠯᠢᠭᠡᠷ ᠲᠦ᠍ ᠭᠠᠷᠳᠠᠭ ᠵᠢᠯᠠᠭ᠎ᠠ ᠶ᠋ᠢᠨ ᠴᠢᠨᠡᠭᠡᠨ ᠠᠮᠠ ᠲᠠᠢ᠂ ᠵᠠᠭᠠᠷ ᠮᠢᠵᠢᠳ ᠬᠠᠭᠠᠨ ᠰᠢᠭ᠋᠂ 
      《ᠦᠬᠦᠨ ᠪᠠᠢᠯᠳᠤᠬᠤ ᠳᠠᠢᠰᠤᠨ ᠬᠠᠮᠢᠭ᠎ᠠ ᠪᠠᠢᠨ᠎ᠠ?  
      《ᠦᠵᠡᠯᠴᠡᠨ ᠲᠤᠯᠬᠤ ᠰᠠᠢᠨ ᠡᠷ᠎ᠡ ᠬᠠᠮᠢᠭ᠎ᠠ ᠪᠠᠢᠨ᠎ᠠ? ᠭᠡᠵᠦ  
      《ᠰᠢᠲᠦ ᠪᠡᠨ ᠬᠠᠪᠢᠷᠴᠤ᠂ ᠰᠢᠯᠦᠰᠦ ᠪᠡᠨ ᠵᠠᠯᠭᠢᠵᠤ》 ᠪᠠᠢᠨᠠᠤ ᠳᠠ᠂ 
       ᠡᠨᠡ ᠰᠠᠢᠨ ᠡᠷ᠎ᠡ ᠪᠠᠭᠠᠲᠤᠷ ᠮᠢᠨᠢ ᠭᠡᠵᠦ ᠨᠢᠭᠡ ᠲᠣᠮᠣ ᠴᠢᠭᠢᠷᠠᠭ ᠡᠷ᠎ᠡ᠂ ᠦᠯᠢᠭᠡᠷ ᠬᠦᠦᠷᠨᠢᠨ ᠬᠡᠯᠡᠬᠦ ᠶ᠋ᠢ ᠳᠠᠭᠤᠷᠢᠶᠠᠨ ᠡᠭᠡᠰᠢᠭᠯᠡᠭᠡᠳ ᠤᠷᠤᠭᠰᠢ ᠳᠠᠪᠰᠢᠵᠤ᠂ ᠰᠢᠷᠴᠢᠨ ᠢ᠋ ᠨᠢᠭᠡ ᠮᠡᠳᠡᠬᠦ ᠳ᠋ᠦ᠍ ᠪᠡᠬᠢ ᠰᠢᠭ ᠪᠠᠲᠤ ᠴᠢᠭᠢᠷᠠᠭ ᠭᠠᠷ ᠢ᠋ᠶ᠋ᠠᠷ ᠢ᠋ᠶ᠋ᠠᠨ ᠲᠠᠰᠤ ᠠᠳᠬᠤᠨ᠂ ᠮᠣᠷᠢ ᠶ᠋ᠢᠨ ᠳᠡᠭᠡᠷ᠎ᠡ ᠡᠴᠡ ᠨᠢ ᠭᠱᠠᠨ ᠵᠠᠭᠤᠷ᠎ᠠ ᠬᠣᠣ ᠲᠠᠲᠠᠭᠠᠳ ᠣᠷᠬᠢᠵᠠᠢ᠃ ᠰᠢᠷᠴᠢᠨ ᠦ᠌ ᠠᠭᠤᠷ ᠬᠢᠯᠢᠩ ᠰᠢᠷ᠎ᠠ ᠰᠢᠯᠮᠦᠭᠦᠰᠦᠨ ᠳ᠋ᠦ᠍ ᠭᠠᠯ ᠰᠢᠲᠠᠭᠰᠠᠨ ᠰᠢᠭ᠋ ᠪᠠᠳᠠᠷᠠᠵᠤ᠂ ᠤᠷᠢᠳᠠ ᠪᠠᠲᠤᠪᠠᠶᠠᠷ ᠡᠪᠦᠭᠡᠨ ᠦ᠌ ᠵᠢᠭᠠᠵᠤ ᠦᠭᠭᠦᠭᠰᠡᠨ ᠪᠥᠬᠡ ᠶ᠋ᠢᠨ ᠠᠷᠭ᠎ᠠ ᠬᠡᠷᠡᠭᠯᠡᠵᠦ᠂ ᠲᠡᠷᠡ ᠴᠢᠭᠢᠷᠠᠭ ᠡᠷ᠎ᠡ ᠶ᠋ᠢ ᠨᠢᠳᠦ ᠠᠨᠢᠬᠤ ᠵᠠᠭᠤᠷ᠎ᠠ ᠤᠨᠠᠭᠠᠵᠤ ᠳᠡᠭᠡᠷ᠎ᠡ ᠡᠴᠡ ᠨᠢ ᠮᠣᠷᠳᠠᠭᠠᠳ ᠣᠷᠬᠢᠭᠰᠠᠨ ᠴᠢᠨᠢ ᠥᠨᠥᠬᠢ ᠮᠠᠢᠬᠠᠨ ᠤ᠋ ᠬᠡᠳᠦᠨ ᠴᠡᠷᠢᠭ ᠰᠢᠷᠴᠢᠨ ᠢ᠋ ᠪᠠᠬᠠᠳᠤᠨ ᠱᠤᠤᠭᠢᠯᠳᠤᠪᠠ᠃ 
       ᠰᠢᠷᠴᠢᠨ ᠳ᠋ᠦ᠍ ᠮᠣᠷᠳᠠᠭᠤᠯᠤᠭᠰᠠᠨ ᠲᠡᠷᠡ ᠴᠢᠭᠢᠷᠠᠭ ᠲᠣᠮᠣ ᠴᠡᠷᠢᠭ ᠬᠥᠯ ᠢ᠋ᠶ᠋ᠡᠨ ᠠᠷᠪᠠᠭᠠᠨᠠᠨ᠂ ᠲᠤᠩ ᠴᠠᠭᠠᠨ ᠰᠢᠲᠦ ᠪᠡᠨ ᠢᠷᠵᠠᠢᠨ ᠢᠨᠢᠶᠡᠵᠦ᠂ ᠵᠠ᠂ ᠪᠠᠭᠤᠵᠤ ᠥᠭᠭᠦᠶ᠎ᠡ! ᠭᠡᠵᠦ ᠬᠠᠰᠬᠢᠷᠤᠨ᠂ ᠳᠦᠭᠦᠷᠡᠩ(ᠲᠥᠭᠥᠷᠢᠭ) ᠬᠦᠷᠡᠩ ᠴᠢᠷᠠᠢ ᠨᠢ᠂ ᠲᠤᠩ ᠰᠠᠢᠬᠠᠨ ᠰᠡᠳᠬᠢᠯ ᠲᠡᠢ ᠬᠥᠮᠦᠨ ᠦ᠌ ᠰᠢᠨᠵᠢᠲᠡᠢ ᠲᠤᠯᠠ᠂ ᠰᠢᠷᠴᠢᠨ ᠦ᠌ ᠠᠭᠤᠷ ᠨᠢ ᠭᠱᠠᠨ ᠵᠠᠭᠤᠷ᠎ᠠ ᠨᠠᠮᠳᠠᠵᠤ ᠪᠣᠰᠪᠠ᠃ 
       — ᠬᠠᠷᠠᠭᠠᠴᠢ᠂ ᠵᠠᠯᠠᠭᠤ ᠨᠣᠬᠠᠢ ᠰᠢᠳᠦᠷᠬᠡᠭ᠂ ᠵᠠᠯᠠᠭᠤ ᠬᠥᠮᠦᠨ ᠢᠳᠡᠷᠬᠡᠭ ᠭᠡᠵᠦ ᠤᠴᠢᠷ ᠲᠠᠢ ᠦᠭᠡ ᠪᠠᠢᠨ᠎ᠠ ᠰᠢᠦ᠃ ᠡᠨᠡ ᠰᠠᠢᠨ ᠡᠷ᠎ᠡ ᠶ᠋ᠢ ᠲᠠᠨ ᠤ᠋ ᠵᠤᠭᠭ᠋ᠠᠷ ᠲᠤ᠌ ᠣᠷᠣᠭᠤᠯᠤᠶ᠎ᠠ᠃ ᠵᠠᠢ ᠪᠣᠢ ᠪᠠᠢᠬᠤ ᠭᠡᠵᠦ ᠱᠠᠮᠪᠠ ᠵᠣᠴᠢ ᠨᠠᠷ ᠤ᠋ᠨ ᠬᠡᠷᠡᠭᠯᠡᠳᠡᠭ ᠵᠣᠳᠬᠠᠷ ᠠ᠋ᠴᠠ ᠭᠠᠷᠴᠤ ᠢᠷᠡᠭᠰᠡᠨ ᠨᠢᠭᠡᠨ ᠪᠤᠭᠤᠷᠤᠯ ᠴᠡᠷᠢᠭ ᠲᠦ᠍ ᠬᠡᠯᠡᠪᠡ᠃ 
       — ᠵᠠ᠂ ᠵᠠᠢ ᠴᠤ᠌ ᠪᠠᠢᠯ ᠦᠭᠡᠢ ᠶᠠᠭᠠᠬᠢᠪᠠ᠃ ᠬᠦᠦ ᠮᠢᠨᠢ᠂ ᠴᠢ ᠡᠨᠡ ᠪᠠᠭᠠᠴᠤᠳ ᠲᠤ᠌ ᠪᠢᠲᠡᠭᠡᠢ ᠮᠠᠭᠤ ᠰᠠᠨᠠᠵᠤ ᠠᠭᠤᠷᠯᠠᠭᠠᠷᠠᠢ᠃ ᠡᠳᠡ ᠴᠢᠨᠢ ᠬᠢᠬᠦ ᠶᠠᠭᠤᠮ᠎ᠠ ᠦᠭᠡᠢ᠂ ᠣᠢᠰᠠᠵᠤ(ᠤᠢᠰᠴᠤ) ᠦᠬᠦᠵᠦ ᠪᠠᠢᠭ᠎ᠠ ᠶᠤᠮ ᠰᠢᠦ᠃ ᠵᠠ ᠮᠠᠨ ᠤ᠋ ᠳ᠋ᠤ᠌ ᠣᠷᠣᠵᠤ ᠴᠠᠢ ᠤᠤᠭᠤ᠂ ᠭᠠᠭᠴᠠᠬᠦ (ᠭᠠᠭᠴᠠ ᠬᠦ᠌) ᠮᠠᠨᠠᠢ(ᠮᠠᠨ ᠤ᠋) ᠬᠣᠭᠣᠯᠠ ᠴᠠᠢ ᠪᠠᠷᠤᠭᠲᠠᠢ ᠭᠡᠵᠦ ᠮᠡᠳᠡᠭᠡᠷᠡᠢ᠃ ᠤᠯᠢᠶᠠᠰᠤᠲᠠᠢ ᠶ᠋ᠢ ᠪᠠᠢᠯᠳᠤᠵᠤ ᠠᠪᠤᠪᠠᠯ᠂ ᠨᠢᠭᠡ ᠤᠬᠠᠭᠠᠨ ᠪᠣᠢ ᠳᠠ᠃ ᠡᠢᠮᠦ ᠪᠠᠭ᠎ᠠ ᠵᠠᠯᠠᠭᠤ ᠪᠠᠷ ᠴᠡᠷᠢᠭ ᠲᠦ᠍ ᠮᠣᠷᠳᠠᠭᠰᠠᠨ ᠢ᠋ ᠴᠢᠨᠢ ᠦᠵᠡᠪᠡᠯ᠂ ᠴᠢ ᠥᠨᠥᠴᠢᠨ ᠬᠥᠮᠦᠨ ᠶᠦᠮ ᠤᠤ ᠳᠠ? ᠭᠡᠵᠦ ᠦᠭᠡᠨ ᠳ᠋ᠦ᠍ ᠳᠤᠷᠠᠲᠠᠢ ᠲᠡᠷᠡ ᠡᠪᠦᠭᠡᠨ ᠴᠡᠷᠢᠭ ᠰᠢᠷᠴᠢᠨ ᠲᠡᠢ ᠶᠠᠭᠤᠮ᠎ᠠ ᠶᠠᠷᠢᠭᠰᠠᠭᠠᠷ ᠴᠡᠷᠢᠭ ᠦ᠋ᠨ ᠬᠤᠸᠠᠷᠠᠨ ᠤ᠋ ᠪᠠᠢᠳᠠᠯ ᠲᠣᠢᠮᠣ ᠶ᠋ᠢ ᠶᠠᠷᠢᠵᠤ ᠥᠭᠭᠦᠭᠡᠳ᠂ ᠱᠠᠮᠪᠠ ᠪᠥᠬᠡ ᠭᠡᠳᠡᠭ ᠠᠷᠪᠠᠨ ᠤ᠋ ᠳᠠᠷᠤᠭ᠎ᠠ ᠲᠠᠢ᠂ ᠠᠷᠪᠠᠨ ᠤ᠋ ᠪᠠᠭ ᠴᠡᠷᠢᠭ ᠢ᠋ ᠲᠡᠢᠮᠦ ᠲᠡᠢᠮᠦ ᠨᠡᠷ᠎ᠡ ᠲᠡᠢ᠂ ᠲᠡᠢᠮᠦ ᠲᠡᠢᠮᠦ ᠬᠥᠮᠦᠨ ᠪᠣᠢ ᠭᠡᠵᠦ ᠶᠠᠷᠢᠵᠤ ᠥᠭᠪᠡ᠃ 
       ᠰᠢᠷᠴᠢᠨ᠂ ᠲᠡᠷᠡ ᠡᠪᠦᠭᠡᠨ ᠡᠴᠡ ᠪᠠᠰᠠ ᠲᠤᠰ ᠴᠡᠷᠢᠭ ᠦ᠋ᠨ ᠪᠠᠭ᠂ ᠤᠯᠢᠶᠠᠰᠤᠲᠠᠢ ᠶ᠋ᠢ ᠪᠠᠢᠯᠳᠤᠬᠤ ᠪᠠᠷ ᠮᠣᠷᠳᠠᠬᠤ ᠰᠠᠢᠨ ᠡᠳᠦᠷ ᠢ᠋ ᠵᠢᠷᠤᠬᠠᠢᠴᠢ ᠨᠠᠷ ᠢ᠋ᠶ᠋ᠠᠷ ᠦᠵᠡᠭᠦᠯᠵᠦ᠂ ᠲᠡᠷᠡ ᠡᠳᠦᠷ ᠢ᠋ᠶ᠋ᠡᠨ ᠰᠠᠭᠠᠳᠠᠨ ᠬᠦᠯᠢᠶᠡᠵᠦ ᠪᠠᠢᠭ᠎ᠠ ᠶ᠋ᠢ ᠨᠢ ᠣᠯᠵᠤ ᠮᠡᠳᠡᠪᠡ᠃  
       ᠴᠡᠷᠢᠭ ᠦ᠋ᠨ ᠬᠦᠷᠢᠶᠡᠨ ᠳ᠋ᠦ᠍᠂ ᠶᠡᠷᠦ ᠰᠤᠷᠭᠠᠭᠤᠯᠢ ᠭᠡᠵᠦ ᠶᠠᠭᠤᠮ᠎ᠠ ᠬᠢᠳᠡᠭ ᠦᠭᠡᠢ᠂ ᠵᠡᠪᠰᠡᠭ ᠭᠡᠪᠡᠯ᠂ ᠵᠠᠮᠰᠥ᠋ᠷᠦᠩᠵᠠᠪ ᠬᠤᠷᠠᠩᠳᠠ ᠮᠥᠩᠭᠥᠨ ᠲᠣᠨᠣᠭᠲᠠᠢ ᠮᠣᠳᠣᠨ ᠬᠤᠢ ᠲᠠᠢ ᠰᠢᠨᠡᠬᠡᠨ ᠮᠠᠦ᠋ᠽᠧᠷ ᠢ᠋ ᠪᠡᠶ᠎ᠡ ᠡᠴᠡ ᠪᠡᠨ ᠰᠠᠯᠭᠠᠬᠤ ᠦᠭᠡᠢ ᠵᠡᠭᠦᠵᠦ ᠶᠠᠪᠤᠳᠠᠭ ᠪᠠᠢᠵᠠᠢ᠃  
       ᠠᠷᠪᠠᠨ ᠤ᠋ ᠳᠠᠷᠤᠭ᠎ᠠ ᠨᠠᠷ ᠰᠡᠯᠡᠮ᠎ᠡ᠂ ᠬᠢᠲᠠᠳ ᠢᠯᠳᠦ᠂ ᠭᠧᠷᠮᠠᠨ ᠫᠤᠤ ᠶ᠋ᠢᠨ ᠬᠢᠲᠤᠭᠠᠨ ᠵᠢᠳᠠ ᠵᠡᠭᠦᠵᠦ ᠶᠠᠪᠤᠬᠤ ᠨᠢ ᠦᠵᠡᠭᠳᠡᠵᠦ᠂ ᠵᠠᠷᠢᠮ ᠴᠡᠷᠢᠭ ᠴᠠᠬᠢᠭᠤᠷ ᠫᠤᠤ ᠲᠠᠢ᠂ ᠵᠠᠷᠢᠮ ᠨᠢ ᠤᠰᠤᠨ ᠪᠡᠮᠢᠯᠢ᠂ ᠰᠢᠰᠡᠩᠯᠢ ᠭᠡᠬᠦ ᠵᠡᠷᠭᠡ ᠶ᠋ᠢᠨ ᠫᠤᠤ ᠲᠠᠢ᠂ ᠨᠢᠭᠡ ᠵᠠᠷᠢᠮ ᠨᠢ ᠣᠷᠣᠰ ᠪᠢᠷᠳᠠᠨ ᠲᠠᠢ᠂ ᠣᠯᠠᠩᠬᠢ ᠨᠢ ᠬᠢᠲᠤᠭ᠎ᠠ ᠲᠠᠰᠢᠭᠤᠷ ᠠ᠋ᠴᠠ ᠥᠭᠡᠷ᠎ᠡ ᠵᠠᠷ ᠵᠡᠪᠰᠡᠭ ᠦᠭᠡᠢ ᠪᠠᠢᠵᠠᠢ᠃  
       ᠵᠢᠷᠤᠬᠠᠢᠴᠢ ᠨᠠᠷ ᠤ᠋ᠨ ᠦᠵᠡᠭᠰᠡᠨ ᠰᠠᠢᠨ ᠡᠳᠦᠷ ᠨᠢ ᠨᠥᠭᠥᠭᠡᠳᠦᠷ ᠪᠣᠯᠬᠤ ᠪᠠᠢᠵᠠᠢ᠃ ᠲᠡᠷᠡ ᠡᠳᠦᠷ ᠢ᠋ ᠥᠨᠵᠢᠨ ᠰᠠᠭᠠᠲᠠᠨ ᠬᠦᠯᠢᠶᠡᠬᠦ ᠳ᠋ᠡᠭᠡᠨ ᠡᠳᠦᠷ ᠴᠠᠭ ᠢ᠋ ᠬᠥᠮᠦᠨ ᠬᠥᠮᠦᠨ ᠥᠪᠡᠷ ᠥᠪᠡᠷ ᠦ᠋ᠨ ᠢ᠋ᠶ᠋ᠡᠨ ᠳᠤᠷᠠᠪᠡᠷ ᠥᠩᠭᠡᠷᠡᠭᠡᠨ᠂ ᠵᠠᠷᠢᠮ ᠨᠢ ᠴᠡᠷᠢᠭ ᠦ᠋ᠨ ᠬᠦᠷᠢᠶᠡᠨ ᠦ᠌ ᠣᠢᠷ᠎ᠠ ᠬᠠᠪᠢ ᠶ᠋ᠢᠨ ᠠᠢᠯ ᠢ᠋ᠶ᠋ᠠᠷ ᠥᠨᠵᠢᠨ᠂ ᠵᠠᠷᠢᠮ ᠨᠢ ᠴᠡᠷᠢᠭ ᠦ᠋ᠨ ᠬᠦᠷᠢᠶᠡᠨ ᠦ᠌ ᠣᠯᠠᠨ ᠮᠠᠢᠬᠠᠨ ᠢ᠋ᠶ᠋ᠠᠷ ᠬᠡᠰᠦᠵᠦ᠂ ᠵᠠᠷᠢᠮ ᠨᠢ ᠡᠳᠦᠷ ᠤᠨᠲᠠᠭᠠᠳ ᠰᠥᠨᠢ ᠰᠠᠮ ᠠᠯᠠᠭ᠎ᠠ ᠪᠣᠯᠳᠠᠭ ᠪᠠᠢᠪᠠ᠃ 
       ᠰᠢᠷᠴᠢᠨ᠂ ᠡᠢᠮᠦ ᠣᠯᠠᠨ ᠠᠪᠤ ᠶ᠋ᠢᠨ ᠬᠦᠦ᠂ ᠶᠠᠩᠵᠤ ᠶᠠᠩᠵᠤ ᠶ᠋ᠢᠨ ᠬᠥᠮᠦᠨ ᠠᠮᠢᠲᠠᠨ ᠴᠤᠭᠯᠠᠭᠰᠠᠨ ᠭᠠᠵᠠᠷ ᠢ᠋ ᠠᠩᠬ᠎ᠠ ᠤᠳᠠᠭ᠎ᠠ ᠦᠵᠡᠵᠦ ᠪᠠᠢᠭ᠎ᠠ ᠲᠤᠯᠠ ᠦᠵᠡᠭᠰᠡᠨ ᠰᠣᠨᠣᠰᠤᠭᠰᠠᠨ ᠶᠠᠭᠤᠮ᠎ᠠ ᠪᠦᠬᠦᠨ ᠢ᠋ ᠶᠡᠬᠡᠯ᠎ᠡ ᠰᠣᠨᠢᠷᠬᠠᠨ ᠭᠠᠢᠬᠠᠳᠠᠭ ᠪᠠᠢᠵᠠᠢ᠃ ᠠᠷᠪᠠᠨ ᠤ᠋ ᠳᠠᠷᠤᠭ᠎ᠠ ᠱᠠᠮᠪᠠ᠂ ᠨᠢᠭᠡ ᠬᠥᠮᠦᠨ ᠲᠡᠢ ᠡᠮᠡᠭᠡᠯ ᠢ᠋ᠶ᠋ᠡᠨ ᠰᠣᠯᠢᠭᠠᠳ᠂ ᠡᠮᠡᠭᠡᠯ ᠦ᠋ᠨ ᠢ᠋ᠶ᠋ᠡᠨ ᠭᠠᠨᠵᠤᠭ᠎ᠠ ᠳᠠᠬᠢᠵᠤ ᠮᠠᠢᠬᠠᠨ ᠤ᠋ ᠬᠣᠢᠮᠣᠷ ᠲᠤ᠌ ᠡᠮᠡᠭᠡᠯ ᠢ᠋ᠶ᠋ᠡᠨ ᠲᠠᠯᠪᠢᠭᠠᠳ᠂ ᠭᠤᠯᠢᠷ ᠢ᠋ᠶ᠋ᠠᠷ ᠳᠥᠷᠪᠡᠨ ᠪᠢᠴᠢᠬᠠᠨ ᠴᠥᠭᠥᠴᠡ ᠬᠢᠵᠦ ᠵᠤᠯᠠ ᠪᠠᠷᠢᠭᠠᠳ᠂ ᠳᠥᠷᠪᠡᠨ ᠬᠦᠵᠢ ᠠᠰᠠᠭᠠᠵᠤ᠂ ᠡᠮᠡᠭᠡᠯ ᠦ᠋ᠨ ᠢ᠋ᠶ᠋ᠡᠨ ᠡᠮᠦᠨ᠎ᠡ ᠬᠠᠳᠬᠤᠭᠠᠳ᠂ ᠰᠥᠬᠥᠷᠦᠨ ᠰᠠᠭᠤᠵᠤ᠂ ᠪᠢᠴᠢᠬᠠᠨ ᠰᠤᠳᠤᠷ ᠳᠡᠯᠭᠡᠵᠦ᠂ ᠱᠠᠭᠠᠲᠤ ᠴᠥᠮᠥᠭᠡ ᠭᠠᠨᠵᠤᠭᠠᠯᠠᠭᠠᠳ ᠭᠠᠨᠵᠤᠭ᠎ᠠ ᠶ᠋ᠢᠨ ᠰᠠᠩ ᠢ᠋ ᠭᠢᠩᠰᠢᠨ ᠤᠩᠰᠢᠭᠰᠠᠨ ᠨᠢ᠂ 
        《ᠭᠡᠭᠡᠨ ᠣᠳᠣᠨ ᠤ᠋ ᠡᠳᠦᠷ ᠲᠦ᠍ 
        《ᠬᠡᠷᠡᠭᠲᠦ ᠶᠠᠪᠤᠳᠠᠯ ᠤ᠋ᠨ ᠲᠤᠯᠠ᠂  
        《ᠭᠡᠮᠲᠦ ᠪᠤᠵᠠᠷ ᠪᠤᠳᠤᠩᠭᠤᠢ ᠶ᠋ᠢ ᠠᠷᠢᠯᠭᠠᠵᠤ᠂  
        《ᠬᠡᠲᠦᠷᠡᠬᠡᠶ᠎ᠡ ᠡᠨᠡ ᠡᠮᠡᠭᠡᠯ ᠦ᠋ᠨ ᠬᠡᠷᠡᠭᠲᠦ  
        《ᠨᠠᠢ᠍ᠮᠠᠨ ᠭᠠᠨᠵᠤᠭ᠎ᠠ ᠶ᠋ᠢ ᠠᠷᠢᠭᠤᠯᠤᠨ(ᠠᠷᠢᠭᠤᠯᠠᠨ) ᠲᠠᠬᠢᠮᠤ ᠪᠢ᠃ 
        《ᠭᠡᠮᠲᠦ ᠪᠤᠵᠠᠷ ᠪᠤᠳᠤᠩᠭᠤᠢ ᠶ᠋ᠢ ᠨᠢ ᠠᠷᠢᠯᠭᠠᠲᠤᠭᠠᠢ᠃ 
        《ᠲᠤᠷᠠᠭ(ᠲᠤᠷᠤᠭ) ᠵᠤᠯᠠ ᠬᠦᠵᠢ᠂ ᠠᠷᠴᠠ ᠠᠭᠢ ᠰᠢᠲᠠᠭᠠᠵᠤ᠂ 
        《ᠲᠤᠰᠠᠲᠤ ᠦᠭᠡ ᠶ᠋ᠢ ᠴᠢᠨᠢ ᠬᠡᠯᠡᠨᠡᠮ ᠪᠢ᠃ 
        《ᠳᠤᠲᠠᠭᠠᠭᠰᠠᠨ ᠭᠠᠨᠵᠤᠭ᠎ᠠ ᠴᠢᠨᠢ ᠢᠷᠡᠲᠦᠭᠡᠢ᠃ 
        《ᠲᠣᠭ᠎ᠠ ᠲᠣᠮᠰᠢ ᠦᠭᠡᠢ ᠣᠯᠵᠠ᠂ ᠱᠣᠷᠯᠤᠭ᠎ᠠ (ᠱᠣᠷᠣᠯᠠᠭ᠎ᠠ) ᠳ᠋ᠤ᠌ ᠤᠴᠠᠷᠠᠬᠤ ᠪᠣᠯᠲᠤᠭᠠᠢ 
        《ᠬᠤᠷᠤᠢ᠂ ᠬᠤᠷᠤᠢ᠂ ᠬᠤᠷᠤᠢ! 
        《ᠠᠶᠠᠨ ᠠᠪᠠ ᠳ᠋ᠤ᠌ ᠣᠯᠵᠠ ᠱᠣᠷᠯᠤᠭ᠎ᠠ(ᠱᠣᠷᠣᠯᠠᠭ᠎ᠠ) ᠵᠠᠶᠠᠭᠠᠭᠴᠢ 
        《ᠠᠯᠲᠠᠲᠤ ᠬᠤᠶᠠᠭ ᠢ᠋ ᠪᠠᠲᠤ ᠪᠣᠯᠭᠠᠭᠴᠢ 
        《ᠠᠭᠲᠠ ᠮᠣᠷᠢ ᠶ᠋ᠢ ᠳᠣᠪᠣᠴᠠᠭ ᠪᠣᠯᠭᠠᠭᠴᠢ 
        《ᠠᠷᠪᠢᠨ ᠶᠡᠬᠡ ᠣᠩᠭᠣᠨ ᠭᠠᠨᠵᠤᠭ᠎ᠠ ᠮᠢᠨᠢ! 
        《ᠠᠷᠢᠭᠤᠨ ᠰᠠᠩ ᠤ᠋ᠨ ᠲᠠᠬᠢᠯᠭ᠎ᠠ ᠪᠠᠷ ᠳᠠᠬᠢᠨᠠᠮ᠃ 
        《ᠠᠷᠪᠢᠨ ᠶᠡᠬᠡ ᠬᠡᠰᠢᠭ ᠬᠤᠲᠤᠭ ᠢ᠋ ᠴᠢᠨᠢ ᠭᠤᠶᠤᠨᠠᠮ ᠪᠢ᠂ 
        《ᠠᠰᠠᠷᠠᠵᠤ᠂ ᠥᠭᠭᠦᠨ ᠰᠣᠶᠣᠷᠬ᠎ᠠ᠂ 
        《ᠬᠤᠷᠤᠢ᠂ ᠬᠤᠷᠤᠢ᠂ ᠬᠤᠷᠤᠢ! 
        《ᠬᠠᠷᠪᠤᠬᠤ ᠳ᠋ᠤ᠌᠂ ᠬᠠᠷ᠎ᠠ ᠳᠡᠭᠡᠷ᠎ᠡ ᠪᠣᠯᠭᠠᠨ ᠤᠨᠤᠭᠤᠯ! 
        《ᠴᠠᠪᠴᠢᠬᠤ ᠳ᠋ᠤ᠌ ᠴᠢᠷᠠᠢ ᠳᠡᠭᠡᠷ᠎ᠡ ᠪᠣᠯᠭᠠᠨ ᠣᠨᠣᠭᠤᠯ 
        《ᠤᠷᠢᠳᠠ ᠬᠥᠮᠦᠨ ᠦ᠌ ᠤᠯᠠ ᠶ᠋ᠢᠨ ᠳᠣᠣᠷ᠎ᠠ ᠠ᠋ᠴᠠ 
        《ᠬᠣᠢᠲᠤ ᠬᠥᠮᠦᠨ ᠦ᠌ ᠬᠣᠷᠮᠣᠢ ᠳᠣᠣᠷ᠎ᠠ ᠠ᠋ᠴᠠ  
        《ᠳᠠᠪᠠᠭᠤ ᠶᠡᠬᠡ ᠣᠯᠵᠠ ᠣᠮᠣᠭ ᠱᠣᠷᠯᠤᠭ᠎ᠠ ᠤᠴᠠᠷᠠᠭᠤᠯ! 
        《ᠬᠤᠷᠤᠢ᠂ ᠬᠤᠷᠤᠢ᠂ ᠬᠤᠷᠤᠢ!》 ᠭᠡᠵᠦ ᠭᠢᠩᠰᠢᠨ ᠭᠠᠨᠵᠤᠭ᠎ᠠ ᠶ᠋ᠢᠨ ᠰᠠᠩ ᠲᠠᠯᠪᠢᠪᠠ᠃  
       ᠴᠡᠷᠢᠭ ᠦ᠋ᠨ ᠨᠢᠭᠡᠨ ᠮᠠᠢᠬᠠᠨ ᠳ᠋ᠤ᠌᠂ ᠡᠪᠦᠭᠡᠨ ᠴᠡᠷᠢᠭ᠂ ᠬᠣᠪᠣᠩ ᠲᠣᠭᠣᠷᠢᠨ ᠰᠠᠭᠤᠭᠰᠠᠨ ᠨᠥᠬᠥᠳ ᠲᠡᠭᠡᠨ᠂ ᠬᠡᠦᠬᠡᠨ ᠬᠤᠲᠤᠭᠲᠤ ᠶ᠋ᠢᠨ ᠳ᠋ᠦ᠍ ᠬᠣᠶᠠᠷ ᠠᠪᠳᠠᠷ᠎ᠠ ᠲᠡᠮᠦᠷ ᠵᠡᠭᠦᠦ ᠪᠣᠢ᠃ ᠲᠡᠷᠡ ᠨᠢ᠂ ᠢᠯᠠᠭᠳᠠᠰᠢ ᠦᠭᠡᠢ ᠲᠡᠮᠦᠷ ᠴᠡᠷᠢᠭ ᠪᠣᠯᠳᠠᠭ ᠶᠤᠮ ᠭᠡᠵᠦ ᠶᠠᠷᠢᠵᠤ᠂ 
       — ᠲᠡᠷᠡ ᠬᠡᠦᠬᠡᠨ ᠬᠤᠲᠤᠭᠲᠤ ᠶ᠋ᠢᠨ ᠠᠪᠳᠠᠷ᠎ᠠ ᠳ᠋ᠠᠬᠢ ᠵᠡᠭᠦᠦ ᠨᠢ ᠰᠥᠨᠢ ᠬᠠᠩᠭᠢᠷ ᠵᠢᠩᠭᠢᠷ ᠬᠢᠵᠦ᠂ ᠣᠳᠣ ᠭᠡᠭᠡᠭᠡᠨᠲᠡᠨ ᠪᠢᠳᠡᠨ ᠢ᠋ ᠮᠦᠣ᠌ᠨᠳᠤ ᠠᠪᠳᠠᠷ᠎ᠠ ᠠ᠋ᠴᠠ ᠪᠠᠨ ᠭᠠᠷᠭᠠᠵᠤ᠂ ᠳᠠᠢᠰᠤᠨ ᠬᠢᠲᠠᠳ ᠤ᠋ᠨ ᠬᠠᠷ᠎ᠠ ᠴᠡᠷᠢᠭ ᠢ᠋ ᠳᠠᠷᠤᠨ ᠳᠠᠢᠲᠤᠭᠤᠯᠤᠨ᠎ᠠ ᠭᠡᠵᠦ ᠨᠠᠷᠢᠬᠠᠨ ᠳᠠᠭᠤᠨ ᠢ᠋ᠶ᠋ᠠᠷ ᠵᠢᠩᠭᠢᠨᠡᠨ ᠬᠡᠯᠡᠯᠴᠡᠳᠡᠭ ᠶᠦᠮ ᠭᠡᠨ᠎ᠡ ᠯᠡ ᠭᠡᠵᠦ ᠶᠠᠷᠢᠪᠠ᠃ ᠰᠢᠷᠴᠢᠨ᠂ ᠲᠡᠷᠡ ᠡᠪᠦᠭᠡᠨ ᠦ᠌ ᠶᠠᠷᠢᠬᠤ ᠶ᠋ᠢ ᠴᠢᠩᠨᠠᠵᠤ ᠪᠠᠢᠭᠠᠳ᠂  
       — ᠲᠡᠷᠡ ᠵᠡᠭᠦᠦ ᠶ᠋ᠢᠨ ᠲᠡᠭᠡᠵᠦ ᠶᠠᠷᠢᠬᠤ ᠶ᠋ᠢ ᠬᠡᠨ ᠰᠣᠨᠣᠰᠤᠭᠰᠠᠨ ᠶᠤᠮ ᠪᠣᠢ? ᠭᠡᠵᠦ ᠠᠰᠠᠭᠤᠵᠠᠢ᠃ 
       — ᠬᠡᠨ ᠰᠣᠨᠣᠰᠬᠤ ᠪᠣᠢ? ᠬᠥᠮᠦᠨ ᠯᠡ ᠰᠣᠨᠣᠰᠤᠭ᠎ᠠ ᠪᠢᠵᠡ᠃ ᠲᠡᠢᠮᠦ ᠲᠡᠮᠦᠷ ᠴᠡᠷᠢᠭ ᠲᠡᠢ ᠠᠪᠳᠠᠷ᠎ᠠ ᠪᠠᠰᠠ ᠶᠦᠬᠦᠸᠽᠠᠷ ᠬᠤᠲᠤᠭᠲᠤ ᠶ᠋ᠢᠨ ᠳ᠋ᠦ᠍ ᠪᠠᠢᠳᠠᠭ ᠶᠤᠮ ᠭᠡᠨ᠎ᠡ ᠪᠢᠯᠡ᠃ ᠪᠠᠰᠠ ᠯᠠ ᠴᠠᠭ ᠢ᠋ᠶ᠋ᠠᠨ ᠢᠷᠡᠬᠦ ᠳ᠋ᠦ᠍᠂ ᠮᠠᠨ ᠤ᠋ ᠭᠠᠵᠠᠷ ᠤᠰᠤ ᠶ᠋ᠢ ᠳᠠᠢᠰᠤᠨ ᠠ᠋ᠴᠠ ᠬᠠᠮᠠᠭᠠᠯᠠᠬᠤ ᠭᠡᠵᠦ ᠭᠠᠷᠴᠤ ᠢᠷᠡᠬᠦ  ᠶᠦᠮ ᠭᠡᠨ᠎ᠡ ᠪᠢᠯᠡ ᠭᠡᠵᠦ ᠤᠷᠢᠳᠤ ᠯᠠᠮᠠ ᠶᠠᠪᠤᠭᠰᠠᠨ ᠨᠢᠭᠡ ᠴᠣᠬᠣᠷ ᠴᠡᠷᠢᠭ᠂ ᠲᠡᠷᠡ ᠡᠪᠦᠭᠡᠨ ᠦ᠌ ᠶᠠᠷᠢᠶ᠎ᠠ ᠶ᠋ᠢ ᠰᠣᠨᠣᠰᠤᠭᠠᠳ ᠪᠠᠰᠠ ᠨᠡᠮᠡᠷᠢᠯᠡᠵᠦ᠂ ᠶᠦᠬᠦᠸᠽᠠᠷ ᠬᠤᠲᠤᠭᠲᠤ ᠶ᠋ᠢᠨ ᠨᠢᠭᠡ ᠱᠠᠪᠢ ᠨᠢ ᠪᠠᠭᠰᠢ ᠶᠤᠭᠠᠨ ᠦᠷᠭᠦᠭᠡᠨ ᠡᠴᠡ ᠭᠠᠳᠠᠭᠰᠢ ᠭᠠᠷᠬᠤ ᠰᠠᠮᠪᠠᠭᠠᠨ ᠳ᠋ᠤ᠌᠂ ᠨᠢᠭᠡ ᠠᠪᠳᠠᠷ᠎ᠠ ᠨᠡᠬᠡᠭᠡᠳ ᠣᠷᠬᠢᠵᠠᠢ᠃ ᠠᠪᠳᠠᠷ᠎ᠠ ᠶ᠋ᠢᠨ ᠳᠣᠲᠣᠷ᠎ᠠ ᠠ᠋ᠴᠠ ᠨᠢ ᠵᠡᠭᠦᠦ ᠣᠢᠴᠢᠵᠤ᠂ ᠭᠠᠵᠠᠷ ᠬᠦᠷᠦᠮᠡᠭᠴᠡ ᠪᠢᠴᠢᠬᠠᠨ ᠲᠡᠮᠦᠷ ᠴᠡᠷᠢᠭ ᠪᠣᠯᠤᠭᠠᠳ᠂ ᠵᠠ᠂ ᠬᠠᠰᠢ ᠶᠠᠪᠤᠵᠤ᠂ ᠬᠡᠨ ᠢ᠋ ᠳᠠᠢᠯᠠᠬᠤ ᠪᠣᠢ? ᠭᠡᠵᠦ ᠨᠠᠷᠢᠨ ᠬᠣᠭᠣᠯᠠᠢ ᠪᠠᠷ ᠳᠤᠤᠭᠠᠷᠴᠠᠭᠠᠵᠤ᠂ ᠥᠨᠥᠬᠢ ᠠᠶᠤᠨ ᠰᠠᠨᠳᠤᠷᠤᠭᠰᠠᠨ ᠪᠠᠨᠳᠢ ᠶ᠋ᠢ ᠬᠠᠷᠠᠭᠰᠠᠭᠠᠷ ᠪᠠᠢᠲᠠᠯ᠎ᠠ ᠲᠣᠮᠣ ᠪᠣᠯᠵᠤ ᠢᠷᠡᠪᠡ ᠭᠡᠨ᠎ᠡ᠃ ᠪᠠᠨᠳᠢ ᠨᠢ ᠠᠶᠤᠬᠤ ᠳ᠋ᠠᠭᠠᠨ ᠦᠢ᠂ ᠲᠠ ᠨᠠᠷ᠂ ᠠᠪᠳᠠᠷ᠎ᠠ ᠰᠠᠪᠠᠨ ᠳ᠋ᠠᠭᠠᠨ ᠣᠷᠣ ᠭᠡᠵᠦ ᠬᠠᠰᠬᠢᠷᠴᠠᠢ᠃ ᠴᠢᠩᠭᠢᠲᠡᠯ᠎ᠡ ᠥᠨᠥᠬᠢ ᠵᠡᠭᠦᠦ ᠨᠢ ᠠᠪᠳᠠᠷ᠎ᠠ ᠠ᠋ᠴᠠ ᠪᠠᠨ ᠭᠠᠷᠴᠤ ᠣᠢᠴᠢᠭᠠᠳ ᠯᠠ ᠪᠢᠴᠢᠬᠠᠨ ᠲᠡᠮᠦᠷ ᠴᠡᠷᠢᠭ ᠪᠣᠯᠵᠤ᠂ ᠪᠠᠭ ᠪᠠᠭ ᠢ᠋ᠶ᠋ᠠᠷ ᠵᠢᠭᠰᠠᠵᠤ᠂ ᠲᠣᠮᠣ ᠪᠣᠯᠵᠤ ᠭᠡᠨ᠎ᠡ᠃ ᠠᠰᠢᠭᠦᠢ ᠬᠠᠷᠢᠨ ᠪᠠᠭᠰᠢ ᠨᠢ ᠢᠷᠡᠵᠦ ᠥᠨᠥᠬᠢ ᠲᠡᠮᠦᠷ ᠴᠡᠷᠢᠭ ᠢ᠋ ᠳᠠᠬᠢᠨ ᠠᠪᠳᠠᠷ᠎ᠠ ᠳ᠋ᠤᠨᠢ ᠣᠷᠣᠭᠤᠯᠵᠠᠢ᠃ ᠡᠰᠡ ᠲᠡᠭᠡᠪᠡᠯ ᠠᠶᠤᠯᠲᠠᠢ ᠶᠤᠮ(ᠶᠠᠭᠤᠮ᠎ᠠ) ᠪᠣᠯᠬᠤ ᠪᠠᠢᠵᠠᠢ ᠭᠡᠬᠦ ᠳ᠋ᠦ᠍ᠨᠢ᠂ 
       — ᠪᠣᠭᠳᠠ ᠭᠡᠭᠡᠬᠡᠨ (ᠭᠡᠭᠡᠨ) ᠦ᠌ ᠠᠪᠤᠷᠠᠯ ᠢ᠋ᠶ᠋ᠠᠷ ᠲᠩᠷᠢ ᠪᠤᠷᠬᠠᠨ᠂ ᠰᠠᠬᠢᠭᠤᠯᠰᠤ ᠰᠠᠪᠳᠠᠭ᠂ ᠮᠠᠨ ᠤ᠋ ᠭᠠᠵᠠᠷ ᠤᠰᠤ ᠶ᠋ᠢ ᠰᠠᠬᠢᠨ ᠬᠠᠮᠠᠭᠠᠯᠠᠵᠤ ᠪᠠᠢᠭ᠎ᠠ ᠶᠤᠮ ᠭᠡᠵᠦ ᠱᠠᠮᠪᠠ ᠪᠥᠬᠡ᠂ ᠲᠡᠷᠡ ᠶᠠᠷᠢᠶ᠎ᠠ ᠪᠣᠯᠵᠤ ᠪᠠᠢᠬᠤ ᠵᠠᠭᠤᠷ᠎ᠠ ᠬᠦᠷᠴᠦ ᠢᠷᠡᠭᠡᠳ᠂ ᠯᠠᠮᠠ ᠶ᠋ᠢᠨ ᠭᠡᠭᠡᠬᠡᠨ(ᠭᠡᠭᠡᠨ) ᠦ᠌ ᠬᠡᠢᠳ ᠡᠴᠡ ᠡᠭᠦᠪᠡᠷ ᠥᠩᠭᠡᠷᠡᠭᠰᠡᠨ ᠨᠢᠭᠡᠨ ᠡᠯᠴᠢ ᠡᠴᠡ ᠣᠯᠵᠤ ᠰᠣᠨᠣᠰᠤᠭᠰᠠᠨ ᠦᠭᠡ ᠭᠡᠵᠦ ᠶᠠᠷᠢᠭᠰᠠᠨ ᠨᠢ᠂ ᠬᠢᠲᠠᠳ ᠤ᠋ᠨ ᠬᠠᠷ᠎ᠠ ᠴᠡᠷᠢᠭ᠂ ᠮᠠᠨᠠᠢ ᠮᠣᠩᠭᠣᠯ ᠢ᠋ ᠳᠠᠬᠢᠨ ᠮᠠᠨᠵᠤ ᠬᠠᠭᠠᠨ ᠤ᠋ ᠬᠣᠷᠮᠣᠢ ᠳᠣᠣᠷ᠎ᠠ ᠣᠷᠣᠭᠤᠯᠬᠤ ᠭᠡᠵᠦ᠂ ᠮᠠᠨᠠᠢ ᠨᠤᠲᠤᠭ ᠤ᠋ᠨ ᠵᠠᠬ᠎ᠠ ᠶ᠋ᠢ ᠴᠢᠭᠯᠡᠵᠦ᠂ ᠣᠯᠠᠨ ᠬᠣᠨᠣᠭ ᠢ᠋ᠶ᠋ᠠᠷ ᠠᠶᠠᠨ ᠬᠢᠵᠦ ᠶᠠᠪᠤᠭ᠎ᠠ ᠭᠡᠨ᠎ᠡ᠂ ᠭᠠᠵᠠᠷ ᠳᠡᠯᠡᠬᠡᠢ ᠶ᠋ᠢᠨ ᠡᠵᠡᠨ᠂ ᠯᠤᠤᠰ ᠰᠠᠪᠳᠠᠭ ᠪᠢᠳᠡᠨ ᠢ᠋ ᠰᠠᠬᠢᠨ ᠢᠪᠡᠭᠡᠵᠦ᠂ ᠬᠢᠲᠠᠳ ᠤ᠋ᠨ ᠬᠠᠷ᠎ᠠ ᠴᠡᠷᠢᠭ ᠮᠠᠨᠠᠢ ᠬᠢᠯᠢ ᠳᠡᠭᠡᠷ᠎ᠡ ᠬᠦᠷᠴᠦ ᠢᠷᠡᠭᠡᠳ᠂ ᠰᠥᠨᠢ ᠶ᠋ᠢᠨ ᠬᠣᠨᠣᠭ ᠲᠤ᠌ ᠬᠦᠷᠢᠶᠡᠯᠡᠨ ᠪᠠᠭᠤᠵᠤ ᠬᠣᠢᠲᠤ ᠥᠷᠯᠥᠭᠡ ᠪᠣᠰᠬᠤ ᠳ᠋ᠤᠨᠢ ᠮᠠᠨᠠᠢ ᠬᠢᠯᠢ ᠡᠴᠡ ᠨᠢᠭᠡ ᠬᠣᠨᠣᠭᠴᠢ ᠶ᠋ᠢᠨ ᠭᠠᠵᠠᠷ ᠤᠬᠤᠷᠢᠭᠠᠳ ᠪᠠᠢᠳᠠᠭ ᠭᠡᠨ᠎ᠡ᠃  ᠡᠳᠦᠷᠵᠢᠨ ᠶᠠᠪᠤᠭᠠᠳ᠂ ᠳᠠᠬᠢᠨ ᠬᠢᠯᠢ ᠳᠡᠭᠡᠷ᠎ᠡ ᠬᠦᠷᠴᠦ ᠬᠣᠨᠣᠬᠤ ᠳ᠋ᠤᠨᠢ ᠮᠥᠨ ᠠᠨᠠᠢ ᠰᠥᠨᠢ ᠨᠢ ᠤᠬᠤᠷᠢᠴᠢᠬᠰᠠᠨ (ᠤᠬᠤᠷᠢᠴᠢᠬᠠᠭᠰᠠᠨ)ᠪᠠᠢᠳᠠᠭ ᠭᠡᠨ᠎ᠡ᠃ ᠲᠡᠭᠡᠭᠡᠳ ᠯᠡ᠂ ᠡᠳᠦᠷ ᠨᠢ ᠥᠪᠡᠷᠰᠡᠳ ᠢ᠋ᠶ᠋ᠡᠨ ᠨᠢᠭᠡ ᠠᠬᠢᠭᠠᠳ᠂ ᠰᠥᠨᠢ ᠯᠤᠤᠰ ᠰᠠᠪᠳᠠᠭ ᠤ᠋ᠨ ᠬᠦᠴᠦ ᠪᠡᠷ ᠨᠢᠭᠡ ᠤᠬᠤᠷᠢᠭᠠᠳ᠂ ᠴᠠᠰᠢ(ᠴᠠᠭᠠᠰᠢ) ᠨᠠᠰᠢ(ᠨᠠᠭᠠᠰᠢ) ᠪᠠᠨ ᠬᠣᠯᠬᠢᠭᠰᠠᠭᠠᠷ ᠶᠡᠬᠡᠯ᠎ᠡ(ᠶᠡᠬᠡ ᠯᠡ) ᠤᠳᠠᠵᠤ ᠪᠠᠢᠨ᠎ᠠ ᠭᠡᠨ᠎ᠡ᠃ ᠯᠠᠮᠠ ᠪᠠᠭᠰᠢ ᠨᠠᠷ ᠪᠢᠳᠡᠨ ᠢ᠋ ᠠᠪᠤᠷᠠᠨ ᠲᠡᠳᠬᠦᠵᠦ ᠪᠠᠢᠭ᠎ᠠ ᠴᠠᠭ ᠲᠤ᠌ ᠬᠢᠲᠠᠳ ᠤ᠋ᠨ ᠬᠠᠷ᠎ᠠ ᠴᠡᠷᠢᠭ᠂ ᠶᠡᠷᠦ ᠮᠠᠨᠠᠢ ᠨᠤᠲᠤᠭ ᠤᠰᠤᠨ ᠳ᠋ᠤ᠌ ᠬᠠᠯᠳᠠᠬᠤ ᠶᠣᠰᠣ ᠦᠭᠡᠢ ᠶᠦᠮ ᠭᠡᠨ᠎ᠡ ᠭᠡᠵᠦ ᠱᠠᠮᠪᠠ ᠪᠥᠬᠡ ᠶ᠋ᠢᠨ ᠶᠠᠷᠢᠵᠤ ᠭᠦᠢᠴᠡᠬᠦ ᠳ᠋ᠦ᠍ ᠭᠡᠨᠡᠨ ᠴᠠᠭᠠᠨ ᠰᠡᠳᠬᠢᠯ ᠲᠡᠢ ᠰᠣᠨᠣᠰᠤᠭᠴᠢᠳ ᠶᠡᠬᠡᠯ᠎ᠡ(ᠶᠡᠬᠡ ᠯᠡ) ᠪᠢᠰᠢᠷᠡᠨ ᠭᠠᠢᠬᠠᠵᠤ ᠪᠢᠯᠡ᠃ ᠴᠡᠷᠢᠭ ᠦ᠋ᠨ ᠬᠦᠷᠢᠶᠡᠨ ᠳ᠋ᠦ᠍ ᠬᠣᠶᠠᠷ ᠬᠣᠨᠣᠬᠤ ᠵᠠᠭᠤᠷ᠎ᠠ ᠰᠢᠷᠴᠢᠨ᠂ ᠡᠢᠮᠦ ᠴᠢᠳᠬᠥᠷ᠂ ᠲᠡᠢᠮᠦ ᠪᠤᠭ᠂ ᠡᠢᠮᠦ ᠪᠥᠬᠡ᠂ ᠲᠡᠢᠮᠦ ᠰᠢᠳᠢᠲᠡᠨ ᠯᠠᠮᠠ ᠭᠡᠵᠦ ᠤᠷᠢᠳᠤ ᠨᠢᠭᠡ ᠨᠠᠰᠤ ᠪᠠᠷ ᠢ᠋ᠶ᠋ᠠᠨ ᠰᠣᠨᠣᠰᠤᠭᠠᠳᠤᠢ ᠬᠠᠴᠢᠨ ᠶᠠᠷᠢᠶ᠎ᠠ ᠥᠭᠦᠯᠡᠯ ᠰᠣᠨᠣᠰᠪᠠ᠃ ᠭᠡᠪᠡᠴᠦ ᠬᠣᠰᠢᠭᠤᠳ ᠠ᠋ᠴᠠ ᠲᠠᠲᠠᠭᠰᠠᠨ ᠲᠡᠷᠡ ᠴᠡᠷᠢᠭ ᠦ᠋ᠨ ᠬᠦᠷᠢᠶᠡᠨ ᠳ᠋ᠦ᠍᠂ ᠰᠣᠨᠣᠰᠴᠤ ᠪᠠᠢᠭ᠎ᠠ ᠶᠠᠷᠢᠵᠤ ᠪᠠᠢᠭ᠎ᠠ ᠬᠥᠮᠦᠨ ᠦ᠌ ᠶᠠᠭᠠᠬᠢᠬᠤ ᠠᠷᠭ᠎ᠠ ᠦᠭᠡᠢ ᠦᠨᠡᠨ ᠭᠡᠵᠦ ᠢᠲᠡᠭᠡᠵᠦ ᠪᠠᠢᠳᠠᠭ ᠲᠤᠩ ᠬᠠᠴᠢᠨ ᠡᠲᠡᠭᠡᠳ ᠵᠢᠭᠲᠡᠢ ᠶᠠᠭᠤᠮ᠎ᠠ ᠶ᠋ᠢ ᠲᠡᠭᠡᠵᠦ ᠶᠠᠷᠢᠬᠤ ᠠ᠋ᠴᠠ ᠭᠠᠳᠠᠨ᠎ᠠ᠂ ᠪᠠᠰᠠ ᠠᠷᠠᠳ ᠣᠯᠠᠨ ᠤ᠋ ᠲᠤᠢᠯ ᠤ᠋ᠨ ᠭᠠᠰᠢᠭᠤᠨ ᠵᠣᠪᠠᠯᠠᠩᠲᠤ ᠠᠮᠢᠳᠤᠷᠠᠯ᠂ ᠨᠣᠶᠠᠳ ᠬᠤᠲᠤᠭᠲᠤ ᠨᠠᠷ ᠤ᠋ᠨ ᠬᠠᠷᠭᠢᠰ ᠢᠳᠡᠮᠡᠬᠡᠢ᠂ ᠰᠢᠳᠤᠷᠭᠤ ᠦᠭᠡᠢ ᠬᠡᠷᠴᠡᠭᠡᠢ ᠶ᠋ᠢ᠂ ᠮᠥᠨ ᠠᠪᠯᠢᠭᠠᠴᠢ ᠬᠣᠪᠳᠣᠭ ᠲᠦᠰᠢᠮᠡᠳ ᠦ᠋ᠨ ᠲᠠᠯ᠎ᠠ ᠲᠣᠬᠣᠢ ᠲᠠᠲᠠᠳᠠᠭ ᠥᠩᠭᠡ ᠴᠢᠷᠠᠢ ᠬᠠᠷᠠᠳᠠᠭ᠂ ᠬᠢᠲᠠᠳ ᠤ᠋ᠨ ᠮᠥᠩᠭᠥ ᠬᠦᠦᠯᠡᠬᠦ ᠫᠦᠰᠡ ᠶ᠋ᠢᠨ ᠰᠢᠨᠤᠬᠠᠢ ᠮᠥᠯᠵᠢᠮᠡᠲᠡᠭᠡᠢ ᠶ᠋ᠢ ᠪᠠᠰᠠ ᠶᠠᠷᠢᠳᠠᠭ ᠪᠠᠢᠵᠠᠢ᠃  
       ᠲᠡᠭᠡᠭᠡᠳ ᠪᠣᠳᠣᠭᠠᠳ ᠢᠷᠡᠬᠦ ᠳ᠋ᠦ᠍᠂ ᠬᠢᠲᠠᠳ ᠬᠥᠮᠦᠨ ᠪᠦᠷᠢ ᠶ᠋ᠢ᠂ ᠡᠳ᠋ ᠬᠥᠷᠥᠩᠭᠡ ᠲᠡᠢ ᠪᠠᠢᠪᠠᠯ ᠲᠣᠨᠣᠵᠤ᠂ ᠡᠰᠡᠷᠭᠦᠴᠡᠪᠡᠯ ᠨᠢ ᠠᠯᠠᠵᠤ ᠪᠠᠢᠪᠠᠯ ᠵᠣᠬᠢᠮᠠᠷ ᠰᠠᠨᠠᠭᠳᠠᠳᠠᠭ ᠪᠠᠢᠵᠠᠢ᠃ ᠬᠢᠲᠠᠳ ᠬᠥᠮᠦᠨ ᠢ᠋ ᠳᠡᠭᠡᠷᠡᠮᠳᠡᠬᠦ ᠲᠤᠨᠤᠬᠤ ᠳ᠋ᠤ᠌ ᠴᠡᠭᠡᠷ ᠬᠣᠷᠢᠭ᠎ᠠ᠂ ᠨᠢᠭᠦᠯ ᠨᠦᠬᠡ ᠭᠡᠵᠦ ᠪᠠᠢᠬᠤ ᠦᠭᠡᠢ᠃ ᠬᠠᠷᠢᠨ ᠮᠣᠩᠭᠣᠯ ᠳ᠋ᠠᠭᠠᠨ ᠭᠠᠷ ᠬᠦᠷᠴᠦ ᠪᠣᠯᠬᠤ ᠦᠭᠡᠢ ᠰᠢᠦ ᠭᠡᠵᠦ ᠰᠢᠷᠴᠢᠨ ᠲᠡᠢ ᠨᠢᠭᠡᠨ ᠠᠷᠪᠠᠨ ᠳ᠋ᠤ᠌ ᠪᠠᠢᠳᠠᠭ ᠡᠪᠦᠭᠡᠨ ᠴᠡᠷᠢᠭ ᠶᠠᠷᠢᠳᠠᠭ ᠪᠠᠢᠵᠠᠢ᠃ ᠲᠡᠭᠡᠵᠦ ᠪᠣᠳᠣᠳᠠᠭ ᠬᠥᠮᠦᠨ᠂ ᠲᠡᠷᠡ ᠦᠶ᠎ᠡ ᠳ᠋ᠦ᠍ ᠭᠠᠭᠴᠠ ᠲᠡᠷᠡ ᠡᠪᠦᠭᠡᠨ ᠪᠢᠰᠢ ᠣᠯᠠᠨ ᠪᠠᠢᠵᠠᠢ᠃ 
       ᠥᠭᠡᠳᠡᠯᠡᠬᠦ ᠶ᠋ᠢᠨ ᠭᠣᠷᠢ ᠲᠠᠰᠤᠷᠠᠭᠰᠠᠨ ᠭᠠᠰᠢᠭᠤᠨ ᠵᠣᠪᠠᠯᠠᠩ ᠳ᠋ᠤ᠌ ᠬᠣᠷᠣᠰᠤᠯ ᠵᠠᠩᠭᠢᠷᠠᠵᠤ᠂ ᠥᠰᠢᠯ ᠡᠪᠦᠷᠯᠡᠭᠰᠡᠨ ᠤᠴᠢᠷ ᠮᠡᠳᠡᠬᠦ ᠦᠭᠡᠢ᠂ ᠬᠠᠷᠠᠩᠭᠤᠢ ᠪᠦᠳᠦᠭᠦᠯᠢᠭ ᠤᠯᠤᠰ᠂ ᠡᠨᠡ ᠨᠠᠰᠤᠨ ᠤ᠋ ᠬᠠᠮᠤᠭ ᠮᠠᠭᠤ ᠵᠣᠪᠠᠯᠠᠩ ᠭᠠᠭᠴᠠᠬᠦ(ᠭᠠᠭᠴᠠ ᠬᠦ᠌) ᠨᠣᠶᠠᠳ ᠢ᠋ ᠵᠡᠷᠭᠡ ᠬᠡᠷᠬᠢᠮ ᠣᠯᠬᠤ ᠭᠡᠵᠦ ᠪᠡᠭᠡᠵᠢᠩ ᠣᠷᠣᠳᠠᠭ ᠠ᠋ᠴᠠ ᠪᠣᠯᠵᠤ ᠪᠠᠢᠭ᠎ᠠ ᠶᠤᠮ᠃ ᠪᠠᠰᠠ ᠨᠣᠶᠠᠳ ᠤ᠋ᠨ ᠲᠡᠭᠡᠵᠦ ᠪᠡᠭᠡᠵᠢᠩ ᠣᠷᠣᠬᠤ ᠳ᠋ᠤᠨᠢ ᠮᠥᠩᠭᠥ ᠵᠢᠭᠡᠯᠡᠳᠦᠭᠦᠯᠵᠦ ᠥᠭᠭᠦᠭᠡᠳ᠂ ᠲᠡᠭᠦᠨ ᠦ᠌ ᠬᠦᠦ ᠶ᠋ᠢ ᠨᠢ ᠬᠣᠰᠢᠭᠤ ᠣᠯᠠᠨ ᠠ᠋ᠴᠠ ᠭᠠᠷᠭᠠᠭᠤᠯᠵᠤ ᠮᠥᠯᠵᠢᠨ ᠳᠠᠷᠤᠯᠠᠳᠠᠭ ᠬᠢᠲᠠᠳ ᠳ᠋ᠠᠩᠵᠢᠶᠠᠳᠠ(ᠳᠠᠩᠵᠢᠶᠠᠳ) ᠨᠠᠷ ᠠ᠋ᠴᠠ ᠪᠣᠯᠵᠤ ᠪᠠᠢᠭ᠎ᠠ ᠶᠤᠮ ᠭᠡᠵᠦ ᠰᠠᠨᠠᠳᠠᠭ ᠪᠠᠢᠵᠠᠢ᠃  
       ᠮᠠᠨᠠᠢ(ᠮᠠᠨ ᠤ᠋) ᠨᠣᠶᠠᠳ᠂ ᠮᠠᠨᠵᠤ ᠬᠠᠭᠠᠨ ᠳ᠋ᠤ᠌ ᠪᠠᠷᠠᠭᠠᠯᠬᠠᠵᠤ(ᠪᠠᠷᠠᠯᠬᠠᠵᠤ)᠂ ᠵᠡᠷᠭᠡ ᠬᠡᠷᠬᠢᠮ ᠣᠯᠬᠤ ᠵᠠᠯᠭᠠᠮᠵᠢᠯᠠᠬᠤ ᠭᠡᠵᠦ ᠪᠡᠭᠡᠵᠢᠩ ᠣᠷᠣᠬᠤ ᠪᠠᠨ ᠪᠠᠢᠭᠠᠳ᠂ ᠬᠠᠭᠠᠨ ᠰᠢᠷᠡᠭᠡᠨ ᠳ᠋ᠦ᠍ ᠪᠣᠭᠳᠠ ᠭᠡᠭᠡᠬᠡᠨ(ᠭᠡᠭᠡᠨ) ᠰᠠᠭᠤᠵᠤ᠂ ᠪᠤᠷᠬᠠᠨ ᠱᠠᠰᠢᠨ ᠳ᠋ᠤ᠌᠂ ᠲᠩᠷᠢ ᠢᠵᠠᠭᠤᠷ ᠲᠤ᠌᠂ ᠮᠠᠨᠠᠢ(ᠮᠠᠨ ᠤ᠋) ᠨᠣᠶᠠᠳ ᠲᠤ᠌ ᠬᠡᠰᠢᠭ ᠬᠡᠷᠬᠢᠮ ᠬᠦᠷᠲᠡᠭᠡᠵᠦ᠂ ᠮᠠᠨᠵᠤ ᠬᠢᠲᠠᠳ ᠲᠦᠰᠢᠮᠡᠯ ᠴᠡᠷᠢᠭ ᠢ᠋ ᠬᠥᠭᠡᠭᠡᠨ ᠵᠠᠢᠯᠠᠭᠤᠯᠪᠠᠯ᠂ ᠲᠠ ᠪᠦᠬᠦᠨ ᠡᠩᠬᠡ ᠠᠮᠤᠷ ᠵᠢᠷᠭᠠᠯ ᠡᠳ᠋ᠯᠡᠨ᠎ᠡ ᠭᠡᠵᠦ ᠯᠠᠮᠠ ᠪᠠᠭᠰᠢ ᠨᠠᠷ ᠰᠤᠷᠭᠠᠨ ᠰᠡᠩᠬᠡᠷᠡᠭᠦᠯᠳᠡᠭ ᠪᠠᠢᠯ᠎ᠠ᠃ ᠲᠡᠭᠡᠬᠦ ᠳ᠋ᠦ᠍᠂ ᠲᠡᠷᠡ ᠣᠯᠠᠨ ᠴᠡᠷᠢᠭ ᠡᠷ᠎ᠡ ᠶ᠋ᠢᠨ ᠳᠣᠲᠣᠷ᠎ᠠ᠂ ᠯᠠᠮᠠ ᠪᠠᠭᠰᠢ ᠦᠭᠡᠢ ᠬᠥᠮᠦᠨ᠂ ᠲᠡᠷᠡ ᠴᠠᠭ ᠲᠤ᠌ ᠬᠠᠮᠢᠭ᠎ᠠ ᠠ᠋ᠴᠠ ᠪᠠᠢᠬᠤ ᠠᠵᠢ᠃ ᠬᠥᠮᠦᠨ ᠪᠦᠬᠦᠨ ᠪᠠᠭᠰᠢ ᠲᠠᠢ᠂ ᠲᠡᠭᠦᠨ ᠢ᠋ ᠮᠠᠭᠤ ᠵᠦᠭ ᠦ᠋ᠨ ᠬᠣᠣᠷ ᠬᠥᠨᠥᠭᠡᠯ ᠡᠴᠡ ᠠᠪᠤᠷᠠᠳᠠᠭ᠂ ᠡᠪᠡᠳᠴᠢᠨ ᠵᠣᠪᠠᠯᠠᠩ ᠠ᠋ᠴᠠ ᠰᠠᠯᠭᠠᠳᠠᠭ ᠠᠴᠢᠲᠤ ᠪᠠᠭᠰᠢ ᠭᠡᠵᠦ ᠦᠵᠡᠳᠡᠭ ᠴᠠᠭ ᠪᠠᠢᠵᠠᠢ᠃ 
       ᠯᠤᠤᠰ ᠰᠠᠪᠳᠠᠭ ᠢ᠋ ᠰᠢᠷ᠎ᠠ ᠶ᠋ᠢᠨ ᠱᠠᠰᠢᠨ ᠤ᠋ ᠲᠣᠭ᠎ᠠ ᠲᠣᠮᠰᠢ ᠦᠭᠡᠢ ᠣᠯᠠᠨ ᠪᠤᠷᠬᠠᠨ ᠲᠩᠷᠢ ᠶ᠋ᠢᠨ ᠳᠣᠣᠷᠠᠲᠤ ᠲᠤᠰᠠᠯᠠᠬᠤ ᠭᠡᠵᠦ ᠦᠵᠡᠳᠡᠭ ᠲᠡᠢ ᠠᠳᠠᠯᠢ᠂ ᠰᠢᠷ᠎ᠠ ᠶ᠋ᠢᠨ ᠪᠥᠬᠡ ᠭᠡᠭᠴᠢ ᠶ᠋ᠢ ᠽᠥᠩᠺᠡᠸ᠋᠎ᠠ ᠶ᠋ᠢᠨ ᠱᠠᠰᠢᠨ ᠤ᠋ ᠯᠠᠮᠠ ᠨᠠᠷ ᠤ᠋ᠨ ᠳᠣᠣᠷᠠᠲᠤ ᠲᠤᠰᠠᠯᠠᠭᠴᠢ ᠨᠠᠷ ᠭᠡᠵᠦ ᠦᠵᠡᠳᠡᠭ ᠪᠠᠢᠵᠠᠢ᠃ ᠲᠡᠭᠡᠭᠡᠳ ᠢᠷᠡᠬᠦ ᠳ᠋ᠦ᠍᠂ ᠤᠴᠢᠷ ᠮᠡᠳᠡᠬᠦ ᠦᠭᠡᠢ ᠳᠠᠷᠤᠯᠠᠭᠳᠠᠨ ᠬᠣᠴᠣᠷᠤᠭᠳᠠᠭᠰᠠᠨ ᠬᠥᠭᠡᠷᠦᠬᠦᠢ ᠬᠥᠮᠦᠰ ᠪᠢᠴᠢᠭ ᠦᠰᠦᠭ ᠮᠡᠳᠡᠬᠦ ᠶ᠋ᠢ ᠬᠤᠪᠢ ᠲᠠᠢ ᠬᠡᠰᠢᠭ ᠲᠡᠢ ᠴᠥᠭᠡᠨ ᠬᠥᠮᠦᠨ ᠦ᠌ ᠣᠯᠵᠤ ᠰᠤᠷᠬᠤ ᠳᠡᠭᠡᠳᠦ ᠡᠷᠳᠡᠮ ᠭᠡᠵᠦ ᠦᠰᠦᠭ ᠢ᠋ ᠦᠭᠡ ᠪᠦᠲᠦᠭᠡᠬᠦ ᠵᠡᠷᠭᠡ ᠰᠢᠳᠢ ᠶ᠋ᠢᠨ ᠬᠦᠴᠦ ᠲᠡᠢ ᠶᠠᠭᠤᠮ᠎ᠠ ᠭᠡᠵᠦ ᠪᠢᠰᠢᠷᠡᠨ ᠪᠣᠳᠣᠭᠠᠳ ᠱᠠᠰᠢᠨ ᠠᠮᠢᠲᠠᠨ ᠤ᠋ ᠲᠤᠰᠠ ᠶ᠋ᠢᠨ ᠲᠤᠯᠠᠳᠠ᠂ ᠲᠥᠷᠥᠯ ᠳᠣᠳᠣᠮ ᠳ᠋ᠤ᠌ ᠲᠣᠳᠣᠷᠠᠨ ᠪᠠᠢᠭ᠎ᠠ ᠠᠮᠢᠳᠤ ᠪᠤᠷᠬᠠᠨ᠂ ᠪᠣᠭᠳᠠ ᠭᠡᠭᠡᠬᠡᠨ(ᠭᠡᠭᠡᠨ) ᠦ᠌ ᠱᠠᠰᠢᠨ ᠲᠥᠷᠥ ᠶ᠋ᠢ ᠬᠣᠣᠰᠯᠠᠨ ᠪᠠᠷᠢᠬᠤ ᠤᠯᠤᠰ ᠲᠥᠷᠥ᠂ ᠰᠢᠷ᠎ᠠ ᠶ᠋ᠢᠨ ᠱᠠᠰᠢᠨ᠂ ᠪᠣᠭᠳᠠᠰ ᠤ᠋ᠨ ᠨᠣᠮ ᠪᠣᠯᠪᠠᠯ ᠡᠨᠡ ᠶᠢᠷᠲᠢᠨᠴᠦ ᠳ᠋ᠦ᠍ ᠬᠠᠮᠤᠭ ᠤ᠋ᠨ ᠳᠡᠭᠡᠳᠦ ᠭᠡᠵᠦ ᠦᠵᠡᠳᠡᠭ ᠯᠠᠮᠠ ᠪᠠᠭᠰᠢ ᠨᠠᠷ ᠤ᠋ᠨ ᠲᠠᠭᠠᠯᠠᠯ ᠢ᠋ ᠳᠠᠭᠠᠵᠤ᠂ ᠲᠡᠳᠡᠨ ᠦ᠌ ᠪᠣᠳᠣᠭᠰᠠᠨ ᠶᠣᠰᠣᠭᠠᠷ ᠶᠠᠭᠤᠮ᠎ᠠ ᠬᠢᠬᠦ ᠶ᠋ᠢ ᠪᠣᠳᠣᠬᠤ ᠠ᠋ᠴᠠ ᠥᠭᠡᠷ᠎ᠡ ᠠᠷᠭ᠎ᠠ ᠦᠭᠡᠢ ᠪᠠᠢᠭᠰᠠᠨ ᠤᠯᠤᠰ ᠠᠵᠢ᠃  


— — — —  
 * ᠠᠪᠠᠢ ᠺᠣᠨᠡᠩᠪᠡᠶᠧᠹ(1845—1904) ᠺᠠᠽᠠᠭ ᠤ᠋ᠨ ᠺᠯᠠᠰᠰᠢᠭ ᠤᠳᠬ᠎ᠠ ᠵᠣᠬᠢᠶᠠᠯ ᠤ᠋ᠨ ᠦᠨᠳᠦᠰᠦ ᠶ᠋ᠢ ᠲᠠᠯᠪᠢᠭᠴᠢ

        ᠦᠰᠦᠭ ᠠᠮᠢᠯᠠᠭᠤᠯᠤᠭᠴᠢ᠄ ᠣᠶᠤᠨᠪᠠᠲᠤ᠂ ᠴᠡᠩᠬᠡᠯᠴᠡᠴᠡᠭ᠂ ᠣᠶᠤᠨᠪᠢᠯᠢᠭ᠌᠂ ᠪᠠᠯ
        ᠬᠢᠨᠠᠭᠴᠢ᠄ ᠪᠠᠳᠮᠠᠰᠡᠴᠡᠨ᠂ ᠣᠳᠬᠣᠨᠴᠡᠴᠡᠭ᠂ ᠤᠢᠭᠤᠷᠵᠢᠨ·ᠣᠳᠬᠣᠨᠪᠠᠪᠠ᠂ ᠮᠥᠩᠭᠥᠨᠭᠣᠸ᠎ᠠ᠂ ᠪᠠᠯ
        ᠤᠩᠰᠢᠭᠴᠢ᠄  ᠨᠠᠰᠤᠨ᠌ᠦ᠌ᠯᠵᠡᠢ