ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ –ᠬᠣᠶᠠᠳᠤᠭᠠᠷ ᠪᠦᠯᠦᠭ <ᠨᠢᠭᠡ> Хан мунын сүүрс < доорд > – Мөнх зохиоов ᠂ Гутгаар бодь – Хоёрдугаар бүлэг <1> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ –ᠬᠣᠶᠠᠳᠤᠭᠠᠷ ᠪᠦᠯᠦᠭ <ᠨᠢᠭᠡ> Хан мунын сүүрс < доорд > – Мөнх зохиоов ᠂ Гутгаар бодь – Хоёрдугаар бүлэг <1>

ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ –ᠬᠣᠶᠠᠳᠤᠭᠠᠷ ᠪᠦᠯᠦᠭ <ᠨᠢᠭᠡ> Хан мунын сүүрс < доорд > – Мөнх зохиоов ᠂ Гутгаар бодь – Хоёрдугаар бүлэг <1>

ᠠᠩᠭᠢᠯᠠᠯ:ᠲᠤᠭᠤᠵᠢ ᠷᠣᠮᠠᠨ
2024-12-24

216

ᠭᠤᠲᠠᠭᠠᠷ ᠪᠣᠲᠢ – ᠬᠣᠶᠠᠳᠤᠭᠠᠷ ᠪᠦᠯᠦᠭ <ᠨᠢᠭᠡ>


              ᠨᠢᠭᠡ  

       ᠬᠣᠪᠢᠯᠴᠡᠴᠡᠭ ᠬᠥᠭᠰᠢᠨ ᠬᠡᠳᠦᠨ ᠢᠮᠠᠭ᠎ᠠ ᠪᠠᠨ ᠰᠢᠪᠲᠤᠷᠠᠵᠤ ᠠᠷᠠᠢ ᠲᠦᠭᠦᠷᠡᠭᠰᠡᠨ ᠦᠭᠡᠢ ᠠᠭᠠᠷᠤ ᠰᠠᠭᠤᠯᠠᠭ᠎ᠠ ᠲᠠᠢ ᠰᠦ ᠪᠡᠨ ᠶᠡᠭᠦᠯᠡᠭᠡᠳ᠄ 
       — ᠬᠡᠦᠬᠡ ᠠ᠋᠂ ᠪᠣᠰ ᠳᠠ᠂ ᠳᠣᠣᠷᠠᠲᠤ ᠵᠢᠯᠠᠭ᠎ᠠ ᠶ᠋ᠢᠨ ᠠᠮᠠᠨ ᠳ᠋ᠤ᠌ ᠨᠣᠬᠠᠳ ᠰᠦᠷᠡᠬᠡᠢ ᠬᠣᠷᠭᠣᠭᠣᠬᠤ ᠶᠤᠮ᠃ ᠳᠡᠭᠡᠷᠡᠮ ᠦ᠋ᠳ ᠢᠷᠡᠵᠦ ᠪᠠᠢᠬᠤ ᠪᠢᠰᠢ ᠪᠢᠵᠡ ᠳᠡ᠂ ᠬᠣᠢᠲᠤ ᠬᠠᠳᠠ ᠲᠠᠢ ᠡᠩᠭᠡᠷ ᠲᠦ᠍ ᠭᠠᠷᠴᠤ ᠨᠢᠭᠡ ᠪᠠᠷ᠎ᠠ ᠬᠠᠷᠠᠵᠤ ᠦᠵᠡᠬᠦ ᠦᠭᠡᠢ ᠤᠤ ᠳᠠ᠂ ᠬᠦᠦ ᠮᠢᠨᠢ ᠭᠡᠪᠡ᠃ 
      《ᠳᠡᠭᠡᠷᠡᠮ᠁》 ᠭᠡᠰᠡᠨ ᠦᠭᠡ ᠶ᠋ᠢ ᠰᠣᠨᠣᠰᠤᠮᠠᠭᠴᠠ ᠵᠠᠩᠴᠤᠪ ᠳᠠᠪ ᠬᠢᠨ ᠦᠰᠦᠷᠦᠨ ᠪᠣᠰᠴᠤ᠂ ᠰᠢᠷᠢᠳᠡᠭ ᠳᠣᠣᠭᠤᠷ ᠳᠠᠯᠳᠠᠯᠠᠵᠤ ᠲᠠᠯᠪᠢᠭᠰᠠᠨ ᠫᠤᠤ ᠪᠠᠨ ᠠᠪᠴᠤ ᠰᠡᠩᠳᠡ ᠮᠡᠩᠳᠡ ᠭᠠᠷᠴᠤ ᠶᠠᠪᠤᠪᠠ᠃ ᠵᠠᠩᠴᠣᠪ ᠢ᠋ ᠬᠣᠢᠲᠤ ᠡᠩᠭᠡᠷ ᠳᠠᠪᠠᠵᠤ ᠭᠠᠷᠲᠠᠯ᠎ᠠ ᠬᠠᠶᠠᠭᠠᠨ ᠳ᠋ᠤᠨᠢ ᠬᠡᠳᠦᠨ ᠮᠣᠷᠢᠲᠠᠨ ᠢᠷᠡᠵᠦ ᠤᠯᠠᠭᠠᠨ ᠬᠠᠯᠲᠠᠷ ᠨᠣᠬᠠᠢ ᠶ᠋ᠢ ᠨᠢ ᠶᠠᠩᠭᠢᠨᠠᠭᠤᠯᠪᠠ᠃ ᠬᠤᠪᠢᠯᠴᠡᠴᠡᠭ ᠬᠥᠭᠰᠢᠨ ᠮᠠᠢᠵᠢᠭᠴᠢᠢᠨ ᠭᠠᠷᠴᠤ ᠣᠴᠢᠨ ᠨᠥᠭᠥᠭᠡᠳᠡᠬᠢ ᠨᠣᠭᠦᠳ ᠲᠦ᠍ ᠨᠣᠬᠠᠢ ᠬᠣᠷᠢᠵᠤ《ᠵᠣᠪ! ᠪᠢᠲᠡᠭᠡᠢ ᠨᠢᠭᠡ ᠶᠠᠩᠰᠢᠭᠠᠳ ᠪᠠᠢ ᠭᠡᠮ!》 ᠭᠡᠵᠦ ᠨᠣᠬᠠᠢ ᠪᠠᠨ ᠵᠠᠩᠨᠠᠬᠤ ᠪᠠᠷ ᠨᠥᠭᠦᠭᠡ ᠢᠷᠡᠭᠰᠡᠨ ᠬᠡᠳᠦᠨ ᠵᠢᠰᠦ ᠪᠤᠷᠤᠭᠤ ᠬᠥᠮᠦᠨ ᠢ᠋《ᠶᠠᠮᠠᠷ ᠭᠠᠵᠠᠷ ᠨᠢᠳᠦᠲᠡᠢ ᠬᠥᠮᠦᠰ ᠪᠣᠢ? ᠡᠨᠡ ᠬᠠᠷ᠎ᠠ ᠠᠭᠤᠯᠠᠨ ᠳ᠋ᠤ᠌ ᠣᠲᠣᠷᠯᠠᠭᠰᠠᠨ ᠬᠠᠲᠠᠩᠬᠠᠢ ᠬᠥᠭᠰᠢᠨ ᠢ᠋ ᠲᠤᠨᠤᠬᠤ ᠳ᠋ᠠᠭᠠᠨ᠁》 ᠭᠡᠵᠦ ᠤᠴᠠᠭᠠᠷᠳᠠᠭᠰᠠᠨ ᠨᠢ ᠢᠯᠡᠳᠲᠡ᠃ 
       ᠤᠶᠠᠭᠠᠨ ᠳᠡᠭᠡᠷᠡᠬᠢ ᠬᠡᠳᠦᠨ ᠮᠣᠷᠢᠳ ᠢ᠋ ᠬᠠᠷᠠᠪᠠᠯ ᠵᠠᠷᠢᠮ ᠨᠢ ᠭᠥᠯᠢᠮ ᠦᠭᠡᠢ ᠳᠡᠭᠡᠰᠦᠨ ᠳᠥᠷᠥᠭᠡ ᠲᠡᠢ ᠶᠠᠩᠭᠢᠷᠴᠠᠭ ᠲᠣᠬᠣᠭᠰᠠᠨ ᠨᠢ ᠶᠣᠣᠵᠠ ᠦᠭᠡᠢ᠂ ᠬᠠᠷ᠎ᠠ ᠴᠡᠷᠢᠭ ᠦ᠋ᠨ ᠲᠤᠨᠤᠭ᠎ᠠ ᠯᠠ ᠪᠣᠯᠤᠯᠲᠠᠢ᠃ 
       — ᠵᠠᠩᠴᠤᠪ ᠪᠠᠢᠨ᠎ᠠ ᠤᠤ? ᠭᠡᠵᠦ ᠨᠢᠭᠡ ᠰᠢᠩᠭᠡᠨ ᠳᠠᠭᠤ ᠲᠠᠢ ᠡᠷ᠎ᠡ ᠬᠣᠪᠢᠯᠴᠡᠴᠡᠭ ᠬᠥᠭᠰᠢᠨ ᠡᠴᠡ ᠵᠠᠩᠳᠤᠷᠤᠨ ᠠᠰᠠᠭᠤᠨ᠎ᠠ᠃ 
       — ᠪᠠᠢᠬᠤ ᠦᠭᠡᠢ ᠠ᠋! 
       — ᠬᠠᠮᠢᠭ᠎ᠠ ᠶᠠᠪᠤᠭᠰᠠᠨ ᠪᠣᠢ? 
       — ᠮᠡᠳᠡᠬᠦ ᠦᠭᠡᠢ ᠠ᠋᠂ ᠲᠡᠷᠡ ᠬᠦᠦ ᠶ᠋ᠢᠨ ᠶᠠᠪᠤᠵᠤ ᠰᠠᠭᠤᠬᠤ ᠬᠥᠯ ᠤᠯᠠ ᠨᠢ ᠮᠡᠳᠡᠭᠳᠡᠳᠡᠭ ᠦᠭᠡᠢ᠃ ᠨᠢᠭᠡ ᠮᠡᠳᠡᠬᠦ ᠳ᠋ᠦ᠍ ᠬᠠᠷᠢᠭᠠᠳ ᠢᠷᠡᠴᠢᠬᠡᠳᠡᠭ᠃ ᠳᠠᠬᠢᠭᠠᠳ ᠨᠢᠭᠡ ᠮᠡᠳᠡᠬᠦ ᠳ᠋ᠦ᠍ ᠶᠠᠪᠤᠭᠠᠳ ᠥᠭᠴᠢᠬᠡᠭᠰᠡᠨ ᠪᠠᠢᠳᠠᠭ ᠭᠡᠵᠦ ᠬᠡᠯᠡᠬᠦ ᠳ᠋ᠦ᠍ ᠲᠡᠷᠡ ᠰᠢᠩᠭᠡᠨ ᠳᠠᠭᠤ ᠲᠠᠢ ᠡᠷ᠎ᠡ ᠬᠥᠭᠰᠢᠨ ᠢ᠋ ᠲᠦᠯᠬᠢᠵᠦ ᠴᠠᠭᠠᠳᠤᠭᠤᠯᠠ ᠳ᠋ᠠᠭᠠᠨ᠄ 
       — ᠭᠡᠷ ᠢ᠋ ᠨᠢ ᠨᠡᠩᠵᠢ! ᠬᠦᠦ ᠶ᠋ᠢᠨ ᠢ᠋ᠶ᠋ᠡᠨ ᠶᠠᠪᠤᠭᠰᠠᠨ ᠰᠠᠭᠤᠭᠰᠠᠨ ᠢ᠋ ᠮᠡᠳᠡᠳᠡᠭ ᠦᠭᠡᠢ ᠴᠢᠨᠢ ᠱᠠᠯ ᠬᠤᠳᠠᠯ! ᠭᠡᠳ ᠲᠡᠷᠡ ᠭᠡᠷ ᠲᠦ᠋ᠨᠢ ᠣᠷᠣᠪᠠ᠃  
       ᠭᠡᠷ ᠦ᠋ᠨ ᠬᠣᠢᠲᠤ ᠬᠠᠲᠠᠲᠠᠢ ᠡᠩᠭᠡᠷ ᠦ᠋ᠨ ᠠᠭᠠᠷᠤ ᠶ᠋ᠢᠨ ᠠᠷᠤ ᠪᠠᠷ ᠨᠢᠭᠤᠭᠳᠠᠵᠤ ᠭᠡᠲᠡᠭᠰᠡᠨ ᠵᠠᠩᠴᠤᠪ ᠡᠨᠡ ᠪᠦᠬᠦᠨ ᠢ᠋ ᠲᠣᠪ ᠲᠣᠳᠣ ᠬᠠᠷᠠᠵᠤ ᠫᠤᠤ ᠪᠠᠨ ᠵᠠᠮᠤᠭᠯᠠᠨ ᠠᠭᠤᠷᠲᠠᠢ ᠪᠠᠷ《ᠮᠠᠭᠤ ᠰᠠᠢᠨ ᠭᠠᠷᠯᠢᠭ ᠤ᠋ᠳ ᠢ᠋ ᠳᠣᠯᠢᠶᠠᠪᠤᠷ ᠬᠤᠷᠤᠭᠤ ᠳᠣᠬᠢᠰᠬᠢᠪᠡᠯ ᠭᠠᠪᠠᠯᠠ ᠶ᠋ᠢ ᠨᠢ ᠰᠡᠬᠦᠬᠦ ᠳ᠋ᠦ᠍᠂ ᠪᠡᠯᠡᠬᠡᠨ!》 ᠭᠡᠵᠦ ᠪᠠᠢᠳᠠᠯ ᠢ᠋ ᠠᠵᠢᠵᠤ ᠰᠠᠭᠤᠨ᠎ᠠ᠃ 
       ᠭᠡᠷ ᠲᠦ᠍ ᠣᠷᠣᠭᠰᠠᠨ ᠨᠥᠭᠦᠭᠡ ᠬᠡᠳᠦ ᠶ᠋ᠢ ᠲᠣᠯᠣᠭᠠᠢ ᠶ᠋ᠢ ᠨᠢ ᠲᠣᠭᠰᠢᠵᠤ ᠪᠠᠢᠭᠠᠳ ᠲᠣᠩᠭᠣᠷᠠᠭᠤᠯᠬᠤ ᠳ᠋ᠤ᠌ ᠡᠨᠡᠭᠦᠬᠡᠨ ᠦ᠌ ᠬᠡᠷᠡᠭ᠃ ᠭᠡᠲᠡᠯ᠎ᠡ ᠫᠤᠤ ᠰᠤᠮᠤ ᠲᠠᠴᠢᠭᠢᠨᠠᠭᠤᠯᠤᠭᠠᠳ ᠡᠵᠢ ᠶ᠋ᠢ ᠪᠡᠨ ᠴᠣᠴᠢᠭᠠᠵᠤ ᠡᠢᠮᠦ ᠲᠡᠢᠮᠦ ᠪᠣᠯᠭᠠᠴᠢᠬᠠᠬᠤ ᠠ᠋ᠴᠠ ᠡᠮᠢᠶᠡᠵᠦ ᠳᠠᠬᠢᠭᠠᠳ ᠬᠡᠯᠡᠪᠡᠯ ᠴᠠᠭᠠᠳᠤ ᠬᠡᠳᠦᠨ ᠭᠠᠷᠯᠢᠭ ᠨᠢ ᠫᠤᠤ ᠶ᠋ᠢᠨ ᠳᠠᠭᠤᠨ ᠢ᠋ᠶ᠋ᠠᠷ ᠭᠡᠯᠮᠡᠬᠦ ᠳ᠋ᠡᠭᠡᠨ ᠨᠠᠰᠤᠲᠠᠢ ᠡᠵᠢ ᠶ᠋ᠢᠨ ᠠᠮᠢᠨ ᠳ᠋ᠤᠨᠢ ᠬᠥᠷᠴᠢᠬᠡᠬᠦ ᠡᠴᠡ ᠪᠠᠰᠠ ᠵᠣᠪᠠᠵᠤ ᠪᠡᠶ᠎ᠡ ᠪᠡᠨ ᠪᠠᠷᠢᠨ᠎ᠠ᠁ 
       ᠭᠡᠷ ᠲᠦ᠍ ᠣᠷᠣᠭᠰᠠᠨ ᠬᠡᠳᠦᠨ ᠬᠠᠷ᠎ᠠ ᠴᠡᠷᠢᠭ ᠦ᠋ᠨ ᠳᠡᠭᠡᠷᠡᠮ ᠬᠠᠲᠠᠭᠰᠠᠨ ᠪᠣᠷᠴᠠ᠂ ᠪᠤᠭᠤ ᠶ᠋ᠢᠨ ᠡᠪᠡᠷ᠂ ᠬᠥᠬᠡ ᠢᠮᠠᠭᠠᠨ ᠤ᠋ ᠴᠢᠰᠤ᠂ ᠦᠨᠡᠭᠡ ᠪᠤᠯᠠᠭ᠎ᠠ ᠶ᠋ᠢᠨ ᠠᠷᠠᠰᠤ᠂ ᠭᠤᠷ᠎ᠠ ᠶ᠋ᠢᠨ ᠡᠪᠡᠷ ᠰᠣᠶᠣᠭ᠎ᠠ ᠬᠦᠷᠲᠡᠯ᠎ᠡ ᠴᠥᠯᠪᠡᠵᠦ ᠠᠪᠤᠭᠠᠳ ᠭᠠᠷᠤᠭᠰᠠᠨ ᠢ᠋ ᠡᠭᠦᠳᠡᠨ ᠳ᠋ᠦ᠍ ᠵᠣᠭᠰᠣᠭᠰᠠᠨ ᠬᠣᠪᠢᠯᠴᠡᠴᠡᠭ ᠬᠥᠭᠰᠢᠨ ᠦᠵᠡᠭᠡᠳ᠄ 
       — ᠲᠠ ᠨᠠᠷ ᠪᠦᠭᠦᠳᠡ ᠶ᠋ᠢ ᠬᠠᠮᠤᠴᠢᠬᠠᠭᠠᠳ ᠶᠠᠭᠠᠬᠢᠬᠤ ᠪᠣᠢ? ᠶᠠᠮᠠᠷ ᠬᠠᠮᠢᠭᠠᠰᠢ ᠪᠠᠨ ᠤᠯᠤᠰ ᠪᠣᠢ⁈ ᠲᠠ ᠨᠠᠷ ᠰᠠᠢᠨ ᠡᠷ᠎ᠡ ᠪᠣᠯ ᠴᠠᠭᠠᠳᠤ ᠡᠷᠢᠵᠦ ᠶᠠᠪᠤᠭ᠎ᠠ ᠵᠠᠩᠴᠤᠪ ᠲᠠᠢ ᠪᠠᠨ ᠣᠯᠵᠤ ᠠᠭᠤᠯᠵᠠᠭᠠᠳ ᠬᠡᠯᠡ ᠤᠯᠠ ᠪᠠᠨ ᠣᠯᠤᠯᠴᠠᠬᠤ ᠶᠤᠮ ᠪᠢᠰᠢ ᠤᠤ⁈ ᠶᠠᠭᠤ ᠭᠡᠵᠦ ᠬᠥᠭᠰᠢᠨ ᠨᠠᠮᠠᠶ᠋ᠢ ᠢᠩᠭᠢᠨ᠎ᠡ ᠪᠣᠢ? ᠭᠡᠵᠦ ᠤᠬᠢᠯᠠᠩᠨᠠᠨ ᠨᠥᠭᠦᠭᠡ ᠮᠣᠩᠭᠣᠯ ᠦᠭᠡ ᠲᠡᠢ ᠰᠢᠩᠭᠡᠨ ᠳᠠᠭᠤ ᠲᠠᠢ ᠡᠷ᠎ᠡ ᠶ᠋ᠢᠨ ᠬᠠᠨᠴᠤᠢ ᠠ᠋ᠴᠠ ᠨᠢ ᠵᠠᠭᠤᠷᠠᠨ᠎ᠠ᠃ 
       — ᠵᠠ᠂ ᠴᠠᠭᠠᠰᠢ ᠪᠠᠨ! ᠪᠢᠲᠡᠭᠡᠢ ᠣᠯᠠᠨ ᠲᠠᠪᠤᠨ ᠶᠠᠭᠤᠮ᠎ᠠ ᠶᠠᠩᠰᠢᠭᠠᠳ ᠪᠠᠢ! ᠬᠦᠦ ᠪᠡᠨ ᠢᠷᠡᠪᠡᠯ ᠬᠡᠯᠡᠵᠦ ᠥᠭ! ᠡᠵᠡᠨ ᠨᠣᠶᠠᠨ ᠤ᠋ ᠴᠡᠷᠢᠭ ᠦ᠋ᠨ ᠵᠠᠷᠯᠢᠭ ᠢ᠋ᠶ᠋ᠠᠷ ᠬᠡᠳᠦᠨ ᠴᠡᠷᠢᠭ ᠵᠠᠩᠴᠤᠪ ᠲᠠᠢ ᠴᠢᠬᠤᠯᠠ ᠤᠴᠢᠷ ᠲᠠᠢ ᠢᠷᠡᠯ᠎ᠡ ᠭᠡᠵᠦ ᠬᠡᠯᠡ! ᠪᠢᠳᠡ ᠳᠠᠬᠢᠵᠤ ᠪᠠᠰᠠ ᠢᠷᠡᠨ᠎ᠡ᠃ 
       — ᠲᠠ ᠨᠠᠷ ᠦᠬᠦᠬᠦ ᠳ᠋ᠡᠭᠡᠨ ᠳᠥᠭᠥᠭᠰᠡᠨ ᠨᠠᠮᠠᠶ᠋ᠢ ᠥᠷᠥᠰᠢᠶᠡᠵᠦ ᠪᠣᠯᠤᠨ᠎ᠠ ᠤᠤ? ᠭᠡᠳ ᠦᠬᠦᠨ ᠵᠠᠭᠤᠷᠠᠭᠰᠠᠨ ᠳ᠋ᠤ᠌ ᠴᠠᠭᠠᠨ᠎ᠠ ᠠ᠋ᠴᠠ ᠨᠢᠭᠡ ᠨᠢ ᠲᠡᠮᠦᠷ ᠬᠠᠴᠠᠷ ᠲᠠᠢ ᠫᠤᠤ ᠶ᠋ᠢᠨ ᠪᠥᠭᠰᠡ ᠪᠡᠷ ᠬᠥᠭᠰᠢᠨ ᠦ᠌ ᠲᠤᠤᠬ᠎ᠠ ᠨᠢᠷᠤᠭᠤ ᠶ᠋ᠢ ᠨᠢᠭᠡ ᠯᠡ ᠨᠦᠳᠦᠭᠰᠡᠨ ᠳ᠋ᠦ᠍ ᠰᠡᠭᠦᠵᠢᠨ ᠶᠠᠰᠤ ᠤᠨᠲᠠᠷᠠᠨ ᠨᠢᠳᠦ ᠨᠢ ᠬᠠᠷᠠᠩᠭᠤᠢᠯᠠᠭᠠᠳ ᠣᠢᠴᠢᠪᠠ᠁ 
       ᠬᠡᠳᠦᠨ ᠬᠠᠷ᠎ᠠ ᠴᠡᠷᠢᠭ ᠡᠨᠡ ᠬᠠᠷ᠎ᠠ ᠠᠭᠤᠯᠠᠨ ᠤ᠋ ᠮᠤᠬᠤᠷ ᠲᠤ ᠨᠢᠭᠤᠭᠳᠠᠵᠤ ᠰᠠᠭᠤᠭᠰᠠᠨ ᠥᠨᠥᠴᠢᠨ ᠪᠡᠯᠪᠡᠰᠦᠨ ᠬᠥᠭᠰᠢᠨ ᠢ᠋ ᠴᠦ᠍ ᠦᠯᠡᠳᠡᠭᠡᠯ ᠦᠭᠡᠢ ᠠᠶᠤᠯᠭᠠᠨ ᠲᠣᠨᠣᠵᠤ ᠶᠠᠭᠤᠮ᠎ᠠ ᠶ᠋ᠢ ᠨᠢ ᠬᠣᠭᠣᠰᠣᠷᠠᠲᠠᠯ᠎ᠠ ᠳᠡᠭᠡᠷᠡᠮᠳᠡᠭᠡᠳ ᠠᠷᠢᠯᠪᠠ᠃ 
       ᠱᠣᠪᠣᠯᠵᠠᠨ ᠤᠷᠭᠤᠭᠰᠠᠨ᠂ ᠠᠭᠠᠷᠤ ᠮᠣᠳᠣ ᠲᠠᠢ ᠬᠠᠳᠠᠨ ᠳ᠋ᠤ᠌ ᠨᠢᠭᠤᠭᠳᠠᠵᠤ ᠰᠠᠭᠤᠭᠰᠠᠨ ᠵᠠᠩᠴᠤᠪ ᠡᠨᠡ ᠪᠦᠭᠦᠳᠡ ᠶ᠋ᠢ ᠲᠣᠪ ᠲᠣᠳᠣ ᠬᠠᠷᠠᠭᠠᠳ ᠳᠣᠲᠣᠷ᠎ᠠ ᠪᠠᠨ ᠬᠣᠷᠣᠰᠴᠤ《ᠮᠠᠭᠤ ᠰᠠᠢᠨ ᠭᠠᠷᠯᠢᠭ ᠤ᠋ᠳ ᠢ᠋ ᠭᠠᠭᠴᠠᠬᠠᠨ ᠫᠤᠤᠳᠠᠵᠤ ᠭᠠᠪᠠᠯᠠ ᠶ᠋ᠢ ᠨᠢ ᠰᠡᠭᠦᠯᠲᠡᠢ》 ᠭᠡᠵᠦ ᠬᠡᠳᠦ ᠳᠠᠬᠢᠨ ᠫᠤᠤ ᠪᠠᠨ ᠵᠠᠮᠤᠭᠯᠠᠵᠤ ᠪᠣᠰᠤᠭᠰᠠᠨ ᠪᠣᠯᠪᠠᠴᠤ ᠨᠥᠭᠥᠭᠡᠳᠦᠭᠦᠯᠡ ᠪᠤᠴᠠᠵᠤ ᠨᠠᠰᠤᠲᠠᠢ ᠡᠵᠢ ᠳ᠋ᠦ᠍ᠨᠢ ᠭᠠᠢ ᠲᠠᠷᠢᠬᠤ ᠠ᠋ᠴᠠ ᠡᠮᠢᠶᠡᠨ ᠵᠠᠮᠤᠭᠯᠠᠭᠰᠠᠨ ᠫᠤᠤ ᠪᠠᠨ ᠲᠠᠯᠪᠢᠪᠠ᠃ 
       ᠵᠠᠩᠴᠤᠪ ᠢ᠋ ᠬᠣᠢᠲᠤ ᠬᠠᠳᠠᠨ ᠠ᠋ᠴᠠ ᠪᠠᠭᠤᠵᠤ ᠢᠷᠡᠬᠦ ᠳ᠋ᠦ᠍ ᠬᠤᠪᠢᠯᠴᠡᠴᠡᠭ ᠬᠥᠭᠰᠢᠨ ᠪᠣᠰᠴᠤ ᠳᠡᠢᠯᠬᠦ ᠦᠭᠡᠢ ᠶᠣᠣᠯᠠᠨ᠎ᠠ᠁ 
       ᠵᠠᠩᠴᠤᠪ ᠨᠠᠰᠤᠲᠠᠢ ᠡᠵᠢ ᠲᠡᠢ ᠪᠡᠨ ᠤᠯᠠᠭᠠᠨ ᠬᠠᠲᠠᠲᠠᠢ ᠠᠭᠠᠷᠤᠲᠠᠢ ᠡᠩᠭᠡᠷ ᠦ᠋ᠨ ᠳᠣᠣᠷ᠎ᠠ ᠪᠣᠢᠲᠠᠬᠠᠨ ᠭᠠᠵᠠᠷ ᠰᠣᠩᠭᠣᠵᠤ ᠨᠳᠲᠤᠭᠰᠢᠬᠰᠡᠨ ᠪᠣᠯᠪᠠᠴᠤ ᠬᠠᠷ᠎ᠠ ᠳᠡᠭᠡᠷᠡᠮ ᠦ᠋ᠨ ᠰᠠᠪᠠᠷ ᠲᠤ ᠪᠠᠰᠠ ᠯᠠ ᠥᠷᠲᠥᠵᠦ ᠠᠩ ᠤ᠋ᠨ ᠭᠠᠨᠵᠤᠭ᠎ᠠ ᠡᠨᠡ ᠲᠡᠷᠡ ᠶᠠᠭᠤᠮ᠎ᠠ ᠪᠠᠨ ᠢᠩᠭᠢᠵᠦ ᠶᠠᠭᠤ ᠴᠦ᠍ ᠦᠭᠡᠢ ᠴᠥᠯᠪᠡᠭᠦᠯᠪᠡ᠃ ᠥᠪᠡᠷ ᠢ᠋ᠶ᠋ᠡᠨ ᠨᠣᠬᠠᠢ ᠶ᠋ᠢᠨ ᠳᠠᠭᠤᠨ ᠢ᠋ᠶ᠋ᠠᠷ ᠰᠡᠵᠢᠭ ᠠᠪᠴᠤ ᠬᠠᠳᠠᠨ ᠳ᠋ᠤ᠌ ᠨᠢᠭᠤᠭᠳᠠᠭᠰᠠᠨ ᠦᠭᠡᠢ ᠪᠣᠯ ᠠᠮᠢ ᠪᠠᠨ ᠴᠤ᠌ ᠠᠯᠳᠠᠬᠤ ᠶᠠᠳᠠᠬᠤ ᠦᠭᠡᠢ ᠪᠠᠢᠭᠰᠠᠨ᠃ ᠬᠥᠭᠡᠷᠦᠬᠦᠢ ᠬᠥᠭᠰᠢᠨ ᠪᠤᠭᠤᠷᠤᠯ ᠡᠵᠢ ᠨᠢ ᠲᠡᠭᠦᠨ ᠦ᠌ ᠣᠷᠣᠨ ᠳ᠋ᠤ᠌ ᠳᠡᠭᠡᠷᠡᠮ ᠦ᠋ᠨ ᠲᠦᠷᠦᠭᠦᠦ ᠶ᠋ᠢᠨ ᠬᠢᠨᠢ ᠬᠥᠯ ᠡᠴᠡ ᠨᠢ ᠵᠠᠭᠤᠷᠠᠵᠤ ᠭᠤᠶᠤᠭᠰᠠᠨ ᠤ᠋ ᠬᠠᠷᠢᠭᠤ ᠳ᠋ᠤ᠌ ᠵᠢᠪᠡ ᠰᠠᠭᠤᠭᠰᠠᠨ ᠲᠡᠮᠦᠷ ᠬᠠᠴᠠᠷ ᠲᠠᠢ ᠫᠤᠤ ᠶ᠋ᠢᠨ ᠪᠥᠭᠰᠡᠨ ᠳ᠋ᠦ᠍ ᠨᠦᠳᠦᠭᠳᠡᠵᠦ ᠰᠡᠭᠦᠵᠢ ᠨᠢ ᠪᠠᠷᠳᠠᠵᠤ ᠭᠡᠮᠲᠦᠪᠡ᠃ ᠡᠨᠡ ᠬᠠᠷ᠎ᠠ ᠪᠣᠢᠳᠠ ᠠᠭᠤᠯᠠᠨ ᠳ᠋ᠤ᠌ ᠬᠦᠷᠲᠡᠯ᠎ᠡ ᠠᠷᠤ ᠠ᠋ᠴᠠ ᠨᠡᠬᠡᠯᠭᠡ ᠪᠣᠯᠵᠤ ᠭᠡᠷ ᠣᠷᠣᠨ ᠪᠤᠰᠠᠨᠢᠭᠤᠯᠵᠤ ᠪᠠᠢᠭ᠎ᠠ ᠨᠢ ᠪᠦᠷ ᠥᠪᠡᠷ ᠦ᠋ᠨ ᠬᠢᠨᠢ ᠲᠡᠮᠦᠷ ᠡᠭᠦᠷᠴᠦ ᠬᠥᠮᠦᠨ ᠦ᠌ ᠭᠠᠵᠠᠷ ᠶᠠᠪᠤᠭᠰᠠᠨ ᠤ᠋ ᠭᠠᠢ ᠶᠤᠮ ᠭᠡᠳᠡᠭ ᠢ᠋ ᠤᠬᠠᠭᠠᠷᠠᠵᠤ ᠮᠡᠳᠡᠵᠡᠢ᠃ ᠲᠡᠭᠡᠪᠡᠴᠦ ᠳᠡᠭᠡᠷᠡᠮ ᠪᠣᠰᠤᠭᠰᠠᠨ ᠡᠨᠡ ᠣᠷᠣᠭ᠎ᠠ ᠪᠣᠰᠬᠠᠭ᠎ᠠ ᠴᠠᠭ ᠲᠤ ᠢᠩᠭᠢᠬᠦ ᠦᠭᠡᠢ ᠪᠠᠢᠬᠤ ᠶ᠋ᠢᠨ ᠠᠷᠭ᠎ᠠ ᠦᠭᠡᠢ᠃ ᠵᠠᠩᠭᠢᠯᠠᠭ᠎ᠠ ᠶ᠋ᠢᠨ ᠦᠶ᠎ᠡ ᠳ᠋ᠦ᠍ ᠴᠢ ᠵᠠᠪᠳᠤᠬᠤ ᠦᠭᠡᠢ ᠪᠣᠯ ᠴᠠᠭᠠᠳᠤᠬᠢ ᠴᠢᠨᠢ ᠴᠢᠮᠠᠶ᠋ᠢ ᠠᠮᠵᠢᠭᠤᠯᠤᠨ᠎ᠠ᠃ 
       ᠲᠡᠭᠡᠭᠡᠳ ᠲᠡᠷᠡ ᠤᠯᠠᠭᠠᠨ ᠬᠠᠲᠠᠲᠠᠢ ᠠᠭᠠᠷᠤᠲᠠᠢ ᠡᠩᠭᠡᠷ ᠲᠦ᠍ ᠰᠠᠭᠤᠬᠤ ᠶ᠋ᠢᠨ ᠠᠷᠭ᠎ᠠ ᠦᠭᠡᠢ ᠳ᠋ᠡᠭᠡᠨ ᠡᠭᠴᠡ ᠪᠣᠰᠤᠭ᠎ᠠ ᠬᠠᠲᠠᠲᠠᠢ ᠥᠨᠳᠥᠷ ᠦ᠋ᠨ ᠭᠣᠣᠯ ᠤ᠋ᠨ ᠲᠡᠮᠡᠭᠡᠨ ᠬᠠᠳᠠᠨ ᠤ᠋ ᠠᠷᠤᠬᠠᠨ ᠳ᠋ᠤ᠌ ᠶᠠᠯᠢ ᠦᠭᠡᠢ ᠵᠦᠯᠭᠡᠷᠬᠡᠭ ᠭᠠᠵᠠᠷ ᠨᠡᠭᠦᠵᠦ᠂ ᠮᠠᠭᠤ ᠮᠠᠢᠬᠠᠨ ᠪᠣᠷᠣ ᠭᠡᠷ ᠢ᠋ᠶ᠋ᠡᠨ ᠪᠣᠰᠬᠠᠪᠠ᠃ ᠨᠤᠲᠤᠭ ᠭᠡᠭᠴᠢ ᠶᠣᠰᠣᠲᠠᠢ ᠰᠠᠢᠬᠠᠨ ᠭᠠᠵᠠᠷ᠂ ᠵᠡᠭᠦᠨ ᠪᠠᠷᠠᠭᠤᠨ ᠠᠭᠤᠯᠠ ᠶ᠋ᠢᠨ ᠡᠭᠴᠡ ᠬᠠᠲᠠᠲᠠᠢ ᠡᠩᠭᠡᠷ ᠢ᠋ᠶ᠋ᠡᠷ ᠨᠠᠷᠠᠰᠤᠨ ᠮᠣᠳᠣ ᠱᠤᠤᠭᠢᠵᠤ᠂ ᠠᠷᠤ ᠡᠩᠭᠡᠷ ᠲᠦ᠋ᠨᠢ ᠬᠤᠰᠤ᠂ ᠤᠯᠢᠶᠠᠰᠤ ᠭᠣᠣᠯᠴᠠᠭᠤ ᠰᠢᠭᠤᠢᠷᠠᠭᠰᠠᠨ ᠪᠢᠲᠡᠭᠦᠦ ᠰᠠᠬᠤᠯᠢᠭ ᠣᠢ ᠲᠠᠢ᠃ ᠠᠭᠤᠯᠠ ᠶ᠋ᠢᠨ ᠵᠢᠯᠠᠭ᠎ᠠ ᠰᠢᠷᠬᠢᠶᠠᠨ ᠳ᠋ᠠᠭᠠᠨ ᠠᠮᠢᠳᠤ ᠪᠤᠯᠠᠭ ᠤ᠋ᠨ ᠰᠡᠷᠮᠡᠭᠦᠨ ᠠᠮᠢᠰᠬᠤᠯ ᠲᠠᠢ᠂ ᠬᠠᠶᠠ ᠢᠨᠵᠠᠭ᠎ᠠ ᠳᠠᠭᠠᠭᠤᠯᠤᠭᠰᠠᠨ ᠪᠤᠭᠤ ᠰᠤᠭᠤ᠂ ᠬᠥᠬᠡ ᠢᠮᠠᠭ᠎ᠠ᠂ ᠭᠤᠷ᠎ᠠ ᠪᠤᠯᠠᠭ ᠤ᠋ᠨ ᠤᠰᠤᠨ ᠳ᠋ᠤ᠌ ᠢᠷᠡᠵᠦ ᠲᠣᠷᠭᠠᠨ ᠬᠣᠰᠢᠭᠤ ᠪᠠᠨ ᠲᠥᠷᠥᠵᠦ ᠤᠰᠤ ᠤᠤᠭᠤᠭᠠᠳ ᠭᠠᠷᠤᠨ᠎ᠠ᠃ ᠭᠡᠬᠦ ᠳ᠋ᠡᠭᠡᠨ ᠡᠨᠡ ᠬᠦ᠌ ᠰᠢᠨ᠎ᠡ ᠪᠠᠭᠤᠳᠠᠯᠯᠠᠭᠰᠠᠨ《ᠵᠣᠴᠢᠨ》 ᠤ᠋ ᠪᠣᠷᠣ ᠭᠡᠷ ᠦ᠋ᠨ ᠲᠣᠭᠣᠨᠣ ᠠ᠋ᠴᠠ ᠪᠣᠷ ᠪᠣᠷ ᠪᠤᠷᠭᠢᠯᠬᠤ ᠬᠥᠬᠡ ᠤᠲᠤᠭ᠎ᠠ ᠶ᠋ᠢ ᠬᠦᠨᠡᠢᠷᠬᠡᠨ ᠦᠨᠦᠷᠲᠦᠵᠦ ᠭᠠᠢᠬᠠᠬᠤ ᠪᠣᠯᠪᠠᠴᠤ ᠨᠢᠭᠡ ᠶᠡᠬᠡ ᠰᠦᠷᠳᠡᠨ ᠠᠶᠤᠭᠰᠠᠨ ᠶᠠᠩᠵᠤ ᠦᠭᠡᠢ᠂ ᠤᠰᠤ ᠪᠠᠨ ᠤᠤᠭᠤᠵᠤ ᠬᠠᠨᠤᠭᠠᠳ ᠬᠠᠳᠠ ᠮᠠᠴᠤᠨ ᠪᠡᠯᠴᠢᠭᠡᠷ ᠵᠦᠭ ᠢ᠋ᠶ᠋ᠡᠨ ᠶᠠᠪᠤᠵᠤ ᠣᠳᠤᠨ᠎ᠠ᠃ 
       ᠡᠢᠨ ᠬᠦ᠌ ᠰᠠᠢᠬᠠᠨ ᠴᠡᠩᠭᠡᠭ ᠠᠭᠠᠷ ᠲᠠᠢ ᠰᠢᠨ᠎ᠡ ᠨᠤᠲᠤᠭ ᠲᠤ ᠡᠵᠢ ᠬᠦᠦ ᠬᠣᠶᠠᠷ ᠭᠠᠵᠠᠷ ᠨᠤᠲᠤᠭ ᠦᠭᠡᠢᠯᠡᠬᠦ ᠦᠭᠡᠢ ᠦᠳᠲᠡᠷ ᠳᠠᠳᠴᠤ ᠰᠡᠳᠬᠢᠯ ᠬᠠᠩᠭᠠᠯᠤᠭᠤᠨ ᠪᠠᠢᠯ᠎ᠠ᠃ ᠭᠠᠭᠴᠠ ᠡᠵᠢ ᠶ᠋ᠢᠨ ᠰᠡᠭᠦᠵᠢᠨ ᠶᠠᠰᠤ ᠪᠡᠷᠲᠡᠭᠰᠡᠨ ᠪᠣᠯᠬᠣᠷ ᠬᠥᠭᠡᠷᠦᠨ ᠬᠠᠪᠤᠳᠴᠤ ᠰᠥᠨᠢ ᠳ᠋ᠡᠭᠡᠨ ᠨᠣᠢᠷ ᠦᠭᠡᠢ ᠡᠪᠡᠳᠦᠨ ᠡᠪᠡᠷᠰᠢᠶᠡᠨ᠎ᠡ᠃ ᠵᠠᠩᠴᠤᠪ ᠪᠣᠯᠳᠠᠭ ᠴᠤ᠌ ᠪᠣᠯ ᠡᠵᠢ ᠶ᠋ᠢᠨ ᠢ᠋ᠶ᠋ᠡᠨ ᠣᠷᠣᠨ ᠳ᠋ᠤ᠌ ᠡᠪᠡᠳᠬᠦ ᠵᠣᠪᠠᠯᠠᠩ ᠢ᠋ ᠨᠢ ᠬᠤᠪᠢᠶᠠᠯᠴᠠᠵᠤ ᠠᠪᠤᠮᠠᠷ ᠰᠠᠨᠳᠤᠷᠴᠤ ᠪᠠᠢᠪᠠ᠃ ᠡᠵᠢ ᠶ᠋ᠢ ᠪᠡᠨ ᠭᠠᠭᠴᠠᠭᠠᠷ ᠢ᠋ ᠨᠢ ᠡᠨᠡ ᠬᠠᠷ᠎ᠠ ᠠᠭᠤᠯᠠᠨ ᠳ᠋ᠤ᠌ ᠬᠠᠶᠠᠴᠢᠬᠠᠭᠠᠳ ᠬᠣᠨᠣᠭᠤᠲᠠ ᠥᠨᠵᠢᠭᠦᠲᠡ ᠡᠮᠴᠢ ᠳᠣᠮᠴᠢ ᠳ᠋ᠤ᠌ ᠶᠠᠪᠤᠶ᠎ᠠ ᠭᠡᠬᠦᠯᠡᠷ ᠪᠠᠰᠠ ᠰᠡᠳᠬᠢᠯ ᠲᠦᠪᠳᠡᠬᠦ ᠦᠭᠡᠢ᠃ ᠡᠮᠴᠢ ᠳ᠋ᠦ᠍ ᠭᠦᠶᠦᠪᠡ ᠭᠡᠳ ᠪᠤᠰᠤᠳ ᠲᠤ ᠪᠡᠶ᠎ᠡ ᠪᠡᠨ ᠮᠡᠳᠡᠭᠳᠡᠵᠦ ᠪᠠᠷᠢᠭᠳᠠᠬᠤ ᠠ᠋ᠴᠠ ᠴᠤ᠌ ᠡᠮᠢᠶᠡᠨ᠎ᠡ᠃  ᠮᠡᠷᠭᠡᠨ ᠴᠠᠭᠠᠨ ᠯᠠᠮᠠᠬᠠᠢ ᠶᠢ ᠡᠷᠢᠵᠤ ᠣᠴᠢᠨ ᠡᠮ ᠳᠣᠮ ᠵᠠᠯᠠᠶ᠎ᠠ ᠭᠡᠬᠦᠯᠡᠷ ᠬᠠᠮᠢᠭᠠᠭᠤᠷ ᠰᠠᠭᠤᠵᠤ ᠶᠠᠭᠠᠬᠢᠵᠤ ᠣᠴᠢᠳᠠᠭ ᠢᠶᠠᠨ ᠴᠦ᠍ ᠮᠡᠳᠡᠳᠡᠭ ᠦᠭᠡᠢ᠃ ᠰᠣᠨᠣᠰᠤᠯᠲᠠ ᠪᠠᠷ ᠮᠡᠷᠭᠡᠨ ᠴᠠᠭᠠᠨ ᠯᠠᠮᠠᠬᠠᠢ ᠭᠡᠭᠴᠢ ᠡᠲᠡᠭᠡᠳ ᠰᠣᠨᠢᠨ ᠵᠠᠩ ᠲᠠᠢ ᠬᠥᠮᠦᠨ ᠶᠦᠮ ᠰᠢᠭ᠃ ᠬᠠᠶᠠᠭᠠᠨ ᠳ᠋ᠠᠭᠠᠨ ᠴᠢᠨᠣ᠎ᠠ(ᠴᠢᠨᠤᠤᠨ) ᠲᠠᠢ ᠭᠤᠨᠵᠢᠨ ᠰᠤᠭᠤ ᠰᠠᠭᠠᠵᠤ ᠰᠦ ᠰᠠᠭᠠᠯᠢ ᠠᠪᠳᠠᠭ ᠭᠡᠵᠦ ᠬᠥᠮᠦᠰ ᠳᠣᠮᠣᠭ ᠰᠢᠭ᠋ ᠶᠠᠭᠤᠮ᠎ᠠ ᠶᠠᠷᠢᠳᠠᠭ ᠢ᠋ ᠳᠠᠮ ᠠ᠋ᠴᠠ ᠰᠣᠨᠣᠰᠤᠭᠰᠠᠨ ᠠ᠋ᠴᠠ ᠪᠢᠰᠢ᠂ ᠶᠡᠷᠦ ᠠᠭᠤᠯᠵᠠᠵᠤ ᠦᠵᠡᠭᠡ ᠦᠭᠡᠢ ᠳ᠋ᠡᠭᠡᠨ ᠬᠢᠷᠢ ᠪᠡᠨ ᠮᠡᠳᠡᠵᠦ᠂ ᠪᠤᠬᠤᠷ ᠲᠠᠭᠠᠨ ᠬᠦᠷᠬᠦ ᠦᠭᠡᠢ ᠭᠠᠷ ᠢ᠋ᠶ᠋ᠠᠨ ᠲᠩᠷᠢ ᠥᠭᠡᠳᠡ ᠰᠠᠷᠪᠠᠢᠬᠤ ᠪᠠᠨ ᠪᠣᠯᠢᠶ᠎ᠠ ᠭᠡᠵᠦ ᠰᠠᠨᠠᠭᠰᠠᠨ ᠪᠣᠳᠣᠯ ᠢ᠋ᠶ᠋ᠠᠨ ᠬᠤᠷᠢᠶᠠᠪᠠ᠃ 
       ᠡᠵᠢ ᠬᠦᠦ ᠬᠣᠶᠠᠷ ᠶᠠᠮᠠᠷ ᠴᠦ᠍ ᠠᠷᠭᠠᠴᠠᠯ ᠦᠭᠡᠢ ᠨᠢᠭᠡ ᠨᠢᠭᠡᠨ ᠢ᠋ᠶ᠋ᠡᠨ ᠬᠠᠷᠠᠭᠠᠳ ᠭᠠᠷ ᠢ᠋ᠶ᠋ᠠᠨ ᠨᠤᠬᠤᠯᠠᠵᠤ ᠯᠠ ᠰᠠᠭᠤᠨ᠎ᠠ᠃ ᠠᠷᠭ᠎ᠠ ᠶᠠᠳᠠᠬᠤ ᠳ᠋ᠠᠭᠠᠨ ᠡᠪᠡᠳᠬᠦ ᠭᠠᠵᠠᠷ ᠲᠤᠨᠢ ᠵᠡᠰ ᠰᠣᠷᠣᠭᠤᠯ ᠲᠠᠯᠪᠢᠵᠤ ᠰᠠᠨᠠᠭ᠎ᠠ ᠪᠠᠨ ᠬᠠᠭᠤᠷᠤᠨ᠎ᠠ᠃ 
       — ᠠᠢ ᠬᠦᠦ ᠮᠢᠨᠢ᠂ ᠢᠩᠭᠢᠵᠦ ᠴᠢᠩᠭᠢᠵᠦ ᠪᠠᠢᠭᠰᠠᠭᠠᠷ ᠡᠳᠡᠭᠡᠬᠦ ᠪᠠᠢᠯᠭᠦᠢ ᠳᠡ! ᠬᠠᠷᠢᠨ ᠵᠢᠭᠠᠯ ᠵᠢᠭᠤᠯ ᠠᠷᠢᠬᠢ ᠪᠠᠢᠭᠰᠠᠨ ᠪᠣᠯ ᠬᠠᠪᠤᠳᠤᠭᠰᠠᠨ ᠭᠠᠵᠠᠷ ᠲᠤᠨᠢ ᠦᠯᠢᠶᠡᠭᠡᠳ᠂ ᠵᠡᠰ ᠡᠪᠡᠰᠦᠨ① ᠦ᠌ ᠰᠥᠮᠥᠰᠦ ᠪᠡᠷ ᠱᠠᠪᠰᠢᠪᠠᠯ ᠳᠣᠣᠷ᠎ᠠ ᠪᠠᠨ ᠡᠳᠡᠭᠡᠬᠦ ᠪᠠᠢᠭᠰᠠᠨ ᠶᠤᠮ ᠠ᠋!  
       — ᠵᠡᠰ ᠡᠪᠡᠰᠦ ᠠ᠋! 
       — ᠲᠡᠢᠮᠦ᠂ ᠵᠡᠰ ᠡᠪᠡᠰᠦ ᠬᠠᠷᠢᠨ ᠡᠨᠡ ᠠᠭᠤᠯᠠᠨ ᠳ᠋ᠤ᠌ ᠪᠠᠢᠬᠤ ᠯᠠ ᠶᠣᠰᠣᠲᠠᠢ᠃  
       — ᠵᠡᠰ ᠡᠪᠡᠰᠦ ᠦᠨᠡᠬᠡᠷ ᠲᠤᠰᠠᠲᠠᠢ ᠭᠡᠵᠢ ᠤᠤ?  
       — ᠲᠤᠰᠠᠲᠠᠢ᠃ ᠪᠤᠲᠠ ᠪᠤᠭ ᠮᠠᠯ ᠤ᠋ᠨ ᠬᠥᠯ ᠦ᠋ᠨ ᠶᠠᠰᠤ ᠭᠡᠮᠲᠦᠵᠦ ᠬᠤᠭᠤᠷᠠᠬᠤ ᠳ᠋ᠤ᠌ ᠰᠠᠢᠨ ᠪᠠᠢᠳᠠᠭ ᠶᠤᠮ ᠴᠢᠨᠢ᠃ ᠵᠡᠰ ᠡᠪᠡᠰᠦ ᠶ᠋ᠢ ᠴᠢᠨᠠᠭᠠᠳ ᠰᠥᠮᠥᠰᠦ ᠪᠡᠷ ᠨᠢ ᠱᠠᠪᠰᠢᠵᠤ ᠰᠦᠷᠡᠯ ᠢ᠋ᠶ᠋ᠡᠷ ᠨᠢ ᠪᠣᠭᠣᠭᠠᠳ ᠲᠠᠯᠪᠢᠬᠤ ᠳ᠋ᠤ᠌᠂ ᠬᠣᠶᠠᠷ ᠳᠣᠯᠣᠭ᠎ᠠ ᠬᠣᠨᠣᠭ ᠲᠤ ᠬᠤᠭᠤᠷᠠᠭᠰᠠᠨ ᠶᠠᠰᠤ ᠦ᠋ ᠰᠡᠪ ᠦᠭᠡᠢ ᠡᠳᠡᠭᠡᠨ᠎ᠡ᠃ 
       — ᠵᠡᠰ ᠡᠪᠡᠰᠦ ᠡᠨᠡ ᠠᠭᠤᠯᠠᠨ ᠳ᠋ᠤ᠌ ᠪᠠᠢᠬᠤ ᠯᠠ ᠶᠣᠰᠣᠲᠠᠢ ᠳᠠ᠃ ᠪᠢ ᠶᠠᠪᠤᠵᠤ ᠵᠡᠰ ᠡᠪᠡᠰᠦ ᠲᠡᠭᠦᠵᠦ ᠢᠷᠡᠶ᠎ᠡ! 
       — ᠪᠠᠢᠬᠤ ᠨᠢ ᠴᠦ᠍ ᠪᠠᠢᠯᠭᠦᠢ ᠳᠡ! ᠴᠢ ᠣᠯᠤᠨ᠎ᠠ ᠤᠤ ᠳᠠ᠂ ᠬᠦᠦ ᠮᠢᠨᠢ᠂ ᠰᠡᠭᠦᠳᠡᠷ ᠭᠠᠵᠠᠷ ᠤ᠋ᠨ ᠬᠠᠳᠠᠨ ᠠᠩ ᠳ᠋ᠤ᠌ ᠤᠷᠭᠤᠳᠠᠭ ᠵᠢᠵᠢᠭ ᠪᠡᠷᠴᠢᠭᠢᠷ ᠴᠠᠭᠠᠨ ᠴᠡᠴᠡᠭ ᠲᠡᠢ ᠬᠦᠷᠡᠩ ᠥᠩᠭᠡ ᠶ᠋ᠢᠨ᠂ ᠵᠡᠰ ᠤᠲᠠᠰᠤ ᠰᠢᠭ᠋ ᠯᠡ ᠡᠪᠡᠰᠦ ᠪᠠᠢᠭ᠎ᠠ!  
       — ᠡᠵᠢ ᠠ᠋᠂ ᠪᠢ ᠮᠡᠳᠡᠨ᠎ᠡ᠃ ᠪᠢ ᠪᠠᠭ᠎ᠠ ᠪᠠᠢᠬᠤ ᠳ᠋ᠤ᠌ ᠡᠮᠡᠭᠡ ᠡᠵᠢ ᠶ᠋ᠢ ᠳᠠᠭᠠᠭᠠᠳ ᠵᠡᠰ ᠡᠪᠡᠰᠦ ᠲᠡᠭᠦᠵᠦ ᠪᠠᠢᠭᠰᠠᠨ ᠶᠤᠮ᠃ ᠲᠡᠭᠡᠪᠡᠴᠦ ᠲᠡᠭᠦᠨ ᠦ᠌ ᠦᠢᠯᠡᠳᠦᠯ᠂ ᠬᠦᠴᠦ ᠲᠡᠢᠮᠦ ᠬᠡᠴᠡᠭᠦᠦ ᠭᠡᠳᠡᠭ ᠢ᠋ ᠬᠠᠷᠢᠨ ᠮᠡᠳᠡᠭᠡ ᠦᠭᠡᠢ ᠭᠡᠳ ᠵᠠᠩᠴᠤᠪ ᠪᠠᠶᠠᠷᠯᠠᠭᠰᠠᠨ ᠬᠡᠷᠢᠶ᠎ᠡ ᠪᠠᠷᠬᠢᠷᠠᠭ᠎ᠠ ᠭᠡᠭᠴᠢ ᠪᠡᠷ ᠠᠭᠤᠯᠠ ᠠᠪᠠᠷᠢᠨ ᠬᠠᠳᠠ ᠮᠠᠴᠤᠨ ᠵᠡᠰ ᠡᠪᠡᠰᠦ ᠬᠠᠢᠵᠤ ᠶᠠᠪᠤᠯ᠎ᠠ᠃《ᠡᠨᠡ ᠶᠡᠬᠡ ᠠᠭᠤᠯᠠᠨ ᠳ᠋ᠤ᠌ ᠠᠳᠬᠤ ᠠᠳᠬᠤ ᠪᠠᠷ ᠵᠤᠯᠭᠠᠭᠠᠬᠤ ᠵᠡᠰ ᠡᠪᠡᠰᠦ ᠪᠠᠢᠬᠤ ᠯᠠ ᠶᠣᠰᠣᠲᠠᠢ᠃ ᠲᠡᠭᠦᠵᠦ ᠣᠯᠪᠠᠯ ᠡᠵᠢ ᠶ᠋ᠢᠨ ᠢ᠋ᠶ᠋ᠡᠨ ᠡᠪᠡᠳᠴᠢᠨ ᠢ᠋ ᠡᠳᠡᠭᠡᠭᠡᠨ᠎ᠡ ᠳᠡ!》 ᠭᠡᠵᠦ ᠬᠡᠦᠬᠡᠳ ᠰᠢᠭ ᠬᠥᠭᠰᠡᠨ ᠭᠦᠶᠦᠭᠰᠡᠨ ᠵᠠᠩᠴᠤᠪ ᠤ᠋ᠨ ᠰᠠᠨᠠᠭᠠᠨ ᠠ᠋ᠴᠠ ᠱᠠᠯ ᠣᠨᠳᠣᠣ ᠶᠠᠭᠤᠮ᠎ᠠ ᠪᠠᠢᠯ᠎ᠠ᠃ ᠶᠠᠭᠤᠮ᠎ᠠ ᠶᠠᠭᠤᠮ᠎ᠠ ᠬᠣᠪᠣᠷ ᠲᠠᠭᠠᠨ ᠦᠨᠡᠲᠡᠢ ᠭᠡᠳᠡᠭ ᠦᠭᠡ ᠦᠨᠡᠨ ᠪᠠᠢᠵᠠᠢ᠃ ᠶᠠᠮᠠᠷ ᠰᠠᠢᠨ ᠪᠤᠰᠤᠳ ᠡᠪᠡᠰᠦᠨ ᠲᠥᠷᠥᠯ ᠦ᠋ᠨ ᠰᠠᠳᠤᠨ ᠰᠢᠭ ᠵᠠᠳᠠᠭᠠᠢ ᠪᠠᠶᠠᠨ ᠤᠷᠭᠤᠳᠠᠭ ᠦᠭᠡᠢ᠂ ᠬᠠᠷᠢᠨ ᠪᠤᠷᠤᠭᠤ ᠬᠠᠳᠤᠭᠰᠠᠨ ᠰᠡᠭᠦᠳᠡᠷ ᠭᠠᠵᠠᠷ ᠤ᠋ᠨ ᠬᠠᠳᠠᠨ ᠤ᠋ ᠠᠩ ᠵᠠᠪᠰᠠᠷ ᠲᠤ ᠲᠥᠷᠥᠯ ᠣᠯᠵᠤ ᠨᠢᠭᠡ ᠬᠣᠶᠠᠷᠬᠠᠨ ᠤᠷᠭᠤᠳᠠᠭ ᠬᠣᠪᠣᠷ ᠶᠠᠭᠤᠮ᠎ᠠ ᠪᠠᠢᠬᠤ ᠪᠣᠢ⁈ ᠬᠡᠴᠢᠨᠡᠭᠡᠨ ᠬᠠᠳᠠ ᠳᠡᠮᠵᠢᠵᠦ ᠭᠦᠶᠦᠭᠡᠳ ᠵᠠᠩᠴᠤᠪ ᠬᠡᠳᠦᠬᠡᠨ ᠰᠢᠷᠬᠡᠭ ᠵᠡᠰ ᠡᠪᠡᠰᠦ ᠣᠯᠪᠠ᠃ ᠡᠵᠢ ᠶ᠋ᠢᠨ ᠢ᠋ᠶ᠋ᠡᠨ ᠡᠪᠡᠳᠴᠢᠨ ᠦ᠌ ᠡᠪᠡᠷᠰᠢᠶᠡᠯ ᠢ᠋ ᠠᠨᠠᠭᠠᠬᠤ ᠶᠤᠮᠰᠠᠨ ᠭᠡᠳᠡᠭ ᠪᠣᠳᠣᠯ ᠳ᠋ᠤ᠌ ᠬᠥᠲᠥᠯᠦᠭᠳᠡᠨ ᠵᠠᠩᠴᠤᠪ ᠬᠠᠭᠳᠠᠨ ᠤ᠋ ᠨᠣᠭᠣᠭ᠎ᠠ ᠬᠥᠭᠡᠭᠡᠯᠴᠡᠭᠰᠡᠨ ᠢᠮᠠᠭ᠎ᠠ ᠰᠢᠭ᠋ ᠪᠤᠷᠤᠭᠤ ᠬᠠᠳᠤᠭᠰᠠᠨ ᠬᠦᠷᠡᠩ ᠬᠠᠳᠠᠨ ᠤ᠋ ᠬᠣᠩᠭᠢᠯ᠂ ᠠᠩ ᠵᠠᠪᠰᠠᠷ ᠪᠦᠬᠦᠨ ᠢ᠋ ᠱᠠᠭᠠᠢᠨ ᠭᠦᠶᠦᠭᠰᠡᠭᠡᠷ ᠪᠣᠷᠣ ᠭᠡᠷ ᠦ᠋ᠨ ᠢ᠋ᠶ᠋ᠡᠨ ᠪᠠᠭᠤᠷᠢ ᠠ᠋ᠴᠠ ᠶᠡᠬᠡ ᠬᠣᠯᠠ ᠶᠠᠪᠤᠵᠠᠢ᠃
       ᠦᠳᠡ ᠬᠡᠯᠪᠡᠢᠬᠦ ᠠᠶᠠᠳᠬᠤ ᠳ᠋ᠤ᠌ ᠵᠠᠩᠴᠤᠪ ᠡᠯᠢᠶ᠎ᠡ ᠨᠢᠰᠦᠭᠰᠡᠨ ᠲᠥᠯᠥᠪᠲᠡᠢ ᠰᠡᠷᠪᠡᠭᠡᠷ ᠬᠠᠳᠠᠨ ᠤ᠋ ᠲᠣᠯᠣᠭᠠᠢ ᠳᠡᠭᠡᠷ᠎ᠡ ᠭᠠᠷᠴᠤ ᠲᠠᠮᠠᠬᠢᠯᠠᠨ ᠪᠡᠶ᠎ᠡ ᠠᠮᠠᠷᠠᠵᠤ ᠰᠠᠭᠤᠪᠠ᠃ ᠲᠡᠭᠡᠲᠡᠯ᠎ᠡ ᠬᠠᠮᠢᠭ᠎ᠠ ᠨᠢᠭᠡ ᠣᠢᠷ᠎ᠠ ᠵᠠᠭᠤᠷ᠎ᠠ ᠭᠦᠱ ᠭᠦᠱ ᠭᠡᠰᠡᠨ ᠭᠠᠵᠠᠷ ᠰᠡᠨᠳᠡᠯᠦᠨ ᠶᠠᠭᠤᠮ᠎ᠠ ᠮᠠᠯᠲᠠᠬᠤ ᠳᠠᠭᠤ ᠳᠤᠭᠤᠯᠳᠠᠨ᠎ᠠ᠃《ᠡᠨᠳᠡ ᠪᠠᠰᠠ ᠶᠠᠭᠤᠨ ᠤ᠋ ᠬᠥᠮᠦᠨ ᠪᠠᠢᠭ᠎ᠠ ᠶᠤᠮ? ᠡᠰᠡᠪᠡᠰᠦ ᠤᠷᠠᠬ᠎ᠠ ᠪᠤᠶᠤ ᠬᠠᠪᠬᠠᠨ ᠳ᠋ᠤ᠌ ᠣᠷᠣᠭᠰᠠᠨ ᠭᠥᠷᠥᠭᠡᠰᠦ ᠭᠠᠵᠠᠷ ᠮᠠᠯᠲᠠᠵᠤ ᠪᠠᠢᠭ᠎ᠠ ᠶᠤᠮ ᠤᠤ?》 ᠭᠡᠵᠦ ᠪᠣᠳᠣᠨ ᠲᠡᠷᠡ ᠪᠢᠲᠡᠭᠦᠬᠡᠨ ᠳᠤᠤᠭᠠᠷᠬᠤ ᠴᠢᠮᠡᠭᠡ ᠵᠦᠭ ᠬᠥᠳᠡᠯᠵᠦ《ᠴᠣᠬᠣᠮ ᠶᠠᠭᠤ ᠪᠠᠢᠳᠠᠭ ᠪᠣᠯ?》 ᠭᠡᠰᠡᠨ ᠰᠣᠨᠢᠭᠤᠴᠢ ᠰᠡᠳᠬᠢᠯ ᠳ᠋ᠡᠭᠡᠨ ᠬᠥᠲᠥᠯᠦᠭᠳᠡᠨ ᠬᠠᠳᠠ ᠳᠠᠮᠵᠢᠨ ᠦᠰᠦᠷᠴᠦ ᠶᠠᠪᠤᠯ᠎ᠠ᠃ 
       ᠨᠡᠭᠡᠷᠡᠨ ᠨᠢᠭᠡ ᠬᠥᠮᠦᠨ ᠬᠠᠳᠠᠨ ᠤ᠋ ᠢᠷᠣᠭᠠᠷ ᠲᠠᠬᠢ ᠪᠢᠲᠡᠭᠦᠦ ᠰᠢᠷᠢᠩᠭᠢ ᠳᠣᠲᠣᠷ᠎ᠠ ᠮᠥᠯᠬᠥᠵᠦ ᠶᠠᠪᠤᠨ ᠨᠢᠭᠡ ᠶᠠᠭᠤᠮ᠎ᠠ ᠮᠠᠯᠲᠠᠵᠤ᠂ ᠪᠠᠢᠨ ᠪᠠᠢᠨ ᠠᠮᠠᠨ ᠳ᠋ᠠᠭᠠᠨ ᠬᠢᠵᠦ ᠵᠠᠵᠢᠯᠬᠤ ᠬᠠᠷᠠᠭᠳᠠᠨ᠎ᠠ᠃ ᠤᠷᠲᠤ ᠬᠥᠮᠥᠰᠬᠡ ᠴᠠᠭᠠᠨ ᠰᠠᠬᠠᠯ᠂ ᠴᠠᠪ ᠴᠠᠭᠠᠨ ᠭᠡᠵᠢᠭᠡ ᠨᠢ ᠲᠡᠭᠦᠨ ᠦ᠌ ᠶᠠᠮᠠᠷ ᠨᠢᠭᠡ ᠶᠠᠭᠤᠮ᠎ᠠ ᠮᠠᠯᠲᠠᠬᠤ ᠬᠥᠳᠡᠯᠭᠡᠭᠡᠨ ᠳ᠋ᠦ᠍ᠨᠢ ᠱᠠᠯᠳᠠᠩ ᠮᠥᠷᠦᠨ ᠳᠡᠭᠡᠷ᠎ᠡ ᠨᠢ ᠦᠯᠦ ᠮᠡᠳᠡᠭ ᠨᠠᠮᠢᠷᠠᠨ ᠬᠡᠢᠰᠦᠨ᠎ᠡ᠃ 
       ᠬᠥᠮᠦᠨ ᠠᠮᠢᠲᠠᠨ ᠦᠭᠡᠢ ᠠᠭᠯᠠᠭ ᠪᠢᠲᠡᠭᠦᠦ ᠠᠭᠤᠯᠠᠨ ᠳ᠋ᠤ᠌ ᠡᠨᠡ ᠴᠠᠭᠠᠨ ᠡᠪᠦᠭᠡᠨ ᠶᠠᠭᠤ ᠬᠢᠵᠦ ᠶᠠᠪᠤᠭ᠎ᠠ ᠪᠣᠢ? ᠮᠢᠨᠦ ᠨᠢᠳᠦᠨ ᠳ᠋ᠦ᠍ ᠪᠤᠷᠬᠠᠨ ᠦᠵᠡᠭᠳᠡᠪᠡ ᠤᠤ? ᠠᠯᠢ ᠡᠰᠡᠪᠡᠰᠦ ᠳᠣᠮᠣᠭ ᠲᠤ ᠶᠠᠷᠢᠭᠳᠠᠳᠠᠭ ᠥᠨᠥᠬᠢ《ᠴᠠᠭᠠᠨ ᠡᠪᠦᠭᠡᠨ》 ᠬᠠᠷᠭᠤᠪᠠ ᠤᠤ? ᠭᠡᠳ ᠲᠡᠭᠦᠨ ᠳ᠋ᠦ᠍ ᠪᠠᠶᠠᠷᠯᠠᠬᠤ ᠰᠡᠳᠬᠢᠯ ᠲᠥᠷᠥᠭᠳᠡᠭᠰᠡᠨ ᠪᠣᠯᠪᠠᠴᠤ ᠳᠣᠣᠷ᠎ᠠ ᠪᠠᠨ ᠬᠦᠢᠲᠡᠨ ᠠᠰᠬᠠᠨ ᠪᠡᠶ᠎ᠡ ᠶ᠋ᠢᠨ ᠬᠢᠨᠢ ᠰᠢᠷ᠎ᠠ ᠦᠰᠦᠨ ᠦ᠌ ᠰᠦᠪᠡ ᠪᠦᠬᠦᠨ ᠨᠢ ᠵᠢᠷᠪᠢᠭᠢᠨᠡᠬᠦ ᠰᠢᠭ ᠪᠣᠯᠵᠤ ᠪᠤᠮ ᠲᠦᠮᠡᠨ ᠵᠢᠵᠢᠭ ᠲᠣᠯᠪᠣ ᠪᠣᠯᠵᠤ ᠪᠠᠷᠵᠠᠢᠪᠠ᠃ 
         ᠁  
      《ᠵᠠ᠂ ᠡᠨᠡ ᠬᠥᠮᠦᠨ ᠪᠣᠯ ᠮᠢᠨᠦ ᠠᠭᠤᠯᠵᠠᠬᠤ ᠰᠢᠲᠦᠭᠡᠨ᠂ ᠡᠵᠢ ᠳ᠋ᠡᠭᠡᠨ ᠡᠮ ᠵᠠᠯᠠᠬᠤ ᠭᠡᠰᠡᠨ ᠮᠡᠷᠭᠡᠨ ᠴᠠᠭᠠᠨ ᠯᠠᠮᠠᠬᠠᠢ ᠮᠥᠨ ᠳᠡ!》 ᠭᠡᠬᠦ ᠪᠣᠳᠣᠯ ᠭᠡᠨᠡᠳᠲᠡ ᠲᠠᠷᠢᠬᠢᠨ ᠳ᠋ᠤᠨᠢ ᠬᠠᠷᠪᠤᠨ ᠣᠷᠣᠪᠠ᠃《ᠶᠠᠭ ᠯᠠ ᠮᠥᠨ! ᠮᠡᠷᠭᠡᠨ ᠴᠠᠭᠠᠨ ᠯᠠᠮᠠᠬᠠᠢ ᠠ᠋!》 ᠭᠡᠵᠦ ᠠᠷᠠᠢ ᠡᠰᠡ ᠠᠮᠠ ᠠᠯᠲᠠᠨ ᠬᠠᠰᠬᠢᠷᠴᠢᠬᠠᠬᠤ ᠰᠢᠬᠠᠪᠠ᠃ ᠪᠢ ᠴᠢᠨᠢ ᠶᠠᠭᠠᠬᠢᠬᠤ ᠳ᠋ᠠᠭᠠᠨ ᠢᠩᠭᠢᠵᠦ ᠲᠣᠮᠣᠭ᠎ᠠ ᠦᠭᠡᠢ ᠠᠭᠠᠰᠢᠯᠠᠬᠤ ᠳ᠋ᠤ᠌ ᠬᠦᠷᠪᠡ᠃ ᠨᠠᠰᠤᠲᠠᠢ ᠲᠣᠮᠣᠭᠠᠲᠠᠢ ᠬᠥᠮᠦᠨ ᠢ᠋ ᠨᠡᠷ᠎ᠡ ᠪᠡᠷ ᠨᠢ《ᠮᠡᠷᠭᠡᠨ ᠴᠠᠭᠠᠨ ᠯᠠᠮᠠᠬᠠᠢ ᠠ᠋!》 ᠭᠡᠳᠡᠭ ᠴᠢᠨᠢ ᠶᠠᠭᠤ ᠭᠡᠰᠡᠨ ᠦᠭᠡ ᠪᠣᠢ? ᠭᠡᠵᠦ ᠪᠡᠶ᠎ᠡ ᠪᠡᠨ ᠵᠢᠮᠡᠯᠡᠨ᠎ᠡ᠃ ᠲᠡᠭᠡᠭᠡᠳ ᠣᠳᠣ ᠡᠨᠡ ᠬᠦᠨᠳᠦᠲᠡᠢ ᠬᠥᠮᠦᠨ ᠢ᠋ ᠶᠠᠭᠤ ᠭᠡᠵᠦ ᠳᠠᠭᠤᠳᠠᠳᠠᠭ ᠪᠢᠯᠡ?《ᠪᠠᠭᠰᠢ ᠯᠠᠮᠠᠬᠠᠢ ᠠ᠋! ᠭᠡᠬᠦ ᠤᠤ᠂ ᠪᠣᠯᠬᠤ ᠦᠭᠡᠢ᠃ ᠮᠡᠷᠭᠡᠨ ᠪᠠᠭᠰᠢ ᠠ᠋! ᠭᠡᠬᠦ ᠳ᠋ᠦ᠍ ᠪᠠᠰᠠ ᠪᠣᠯᠬᠤ ᠦᠭᠡᠢ᠃ ᠮᠡᠷᠭᠡᠨ ᠴᠠᠭᠠᠨ ᠪᠠᠭᠰᠢ ᠯᠠᠮᠠᠬᠠᠢ ᠠ᠋! ᠭᠡᠰᠡᠨ ᠴᠦ᠍ ᠡᠪ ᠦᠭᠡᠢ᠃ ᠮᠡᠷᠭᠡᠨ ᠪᠠᠭᠰᠢ ᠯᠠᠮᠠᠬᠠᠢ ᠠ᠋! ᠭᠡᠬᠦ ᠳ᠋ᠦ᠍ ᠬᠠᠷᠢᠨ ᠪᠣᠯᠤᠮᠠᠷ ᠰᠢᠭ᠋ ᠭᠡᠵᠦ ᠪᠣᠳᠣᠭᠠᠳ᠂《ᠮᠡᠷᠭᠡᠨ ᠪᠠᠭᠰᠢ ᠯᠠᠮᠠᠬᠠᠢ ᠠ᠋!》 ᠭᠡᠵᠦ ᠬᠡᠳᠦᠨᠲᠡ ᠠᠮᠠᠨ ᠳ᠋ᠠᠭᠠᠨ ᠪᠥᠮᠪᠥᠷᠢᠭᠦᠯᠦᠨ ᠪᠣᠯᠪᠠᠰᠤᠷᠠᠵᠤ《ᠮᠡᠷᠭᠡᠨ ᠪᠠᠭᠰᠢ᠁》 ᠭᠡᠵᠦ ᠪᠠᠷᠬᠢᠷᠠᠬᠤ ᠠᠯᠳᠠᠭᠠᠳ ᠠᠮᠠ ᠪᠠᠨ ᠲᠠᠭᠯᠠᠨ ᠦᠭᠡ ᠪᠡᠨ ᠵᠠᠯᠭᠢᠪᠠ᠃ ᠵᠠᠯᠢᠭᠦᠨ ᠬᠡᠭᠡᠷ᠎ᠡ ᠬᠣᠭᠣᠰᠣᠨ ᠭᠠᠵᠠᠷ ᠭᠡᠨᠡᠳᠲᠡ ᠴᠣᠴᠢᠮᠠᠭ ᠢ᠋ᠶ᠋ᠠᠷ ᠬᠥᠮᠦᠨ ᠦ᠌ ᠨᠡᠷ᠎ᠡ ᠶ᠋ᠢ ᠳᠠᠭᠤᠳᠠᠭᠠᠳ ᠮᠡᠷᠭᠡᠨ ᠴᠠᠭᠠᠨ ᠯᠠᠮᠠᠬᠠᠢ ᠶ᠋ᠢ ᠴᠣᠴᠢᠭᠠᠭᠤᠵᠠᠢ ᠭᠡᠵᠦ ᠪᠣᠯᠭᠣᠮᠵᠢᠯᠠᠨ᠂ ᠤᠷᠢᠳ ᠢ᠋ᠶ᠋ᠠᠷ ᠬᠡᠭ ᠬᠡᠭ ᠭᠡᠵᠦ ᠬᠠᠭᠤᠷᠠᠢ ᠬᠠᠨᠢᠶᠠᠯᠭᠠᠨ ᠬᠠᠵᠠᠭᠤ ᠳ᠋ᠤ᠌ ᠴᠢᠨᠢ ᠬᠥᠮᠦᠨ ᠢᠷᠡᠵᠦ ᠪᠠᠢᠨ᠎ᠠ ᠭᠡᠰᠡᠨ ᠠᠩᠬᠠᠨ ᠤ᠋ ᠳᠣᠬᠢᠶ᠎ᠠ ᠥᠭᠪᠡ᠃ ᠵᠠᠩᠴᠤᠪ ᠬᠣᠭᠣᠰᠣᠨ ᠬᠣᠶᠠᠷ ᠬᠠᠨᠢᠶᠠᠯᠭᠠᠭᠠᠳ ᠡᠪᠦᠭᠡᠨ ᠴᠠᠭᠠᠨ ᠯᠠᠮᠠᠬᠠᠢ ᠶ᠋ᠢ ᠴᠣᠴᠢᠭᠠᠭᠰᠠᠨ ᠪᠣᠯ ᠤᠤ? ᠭᠡᠵᠦ ᠳᠣᠲᠣᠷ᠎ᠠ ᠪᠠᠨ ᠪᠣᠳᠣᠨ ᠬᠠᠷᠠᠵᠤ ᠵᠣᠭᠰᠣᠪᠠᠯ᠂ ᠲᠡᠷᠡ ᠴᠠᠭᠠᠨ ᠰᠠᠬᠠᠯᠲᠤ ᠡᠪᠦᠭᠡᠨ ᠠᠵᠢᠭ ᠴᠦ᠍ ᠦᠭᠡᠢ ᠥᠨᠥᠬᠢ ᠮᠠᠯᠲᠠᠭᠰᠠᠨ ᠶᠠᠭᠤᠮᠠᠨ ᠳ᠋ᠠᠭᠠᠨ ᠤᠬᠠᠭ᠎ᠠ ᠠᠯᠳᠠᠵᠤ ᠪᠠᠢᠭ᠎ᠠ ᠨᠢ ᠢᠯᠡᠬᠡᠨ᠃ ᠦᠭᠡᠢ ᠠ᠋᠂ ᠡᠨᠡ ᠮᠡᠷᠭᠡᠨ ᠴᠠᠭᠠᠨ ᠯᠠᠮᠠᠬᠠᠢ ᠭᠤᠸᠠᠢ ᠶᠡᠷᠦ ᠨᠢ ᠳᠦᠯᠡᠢ ᠶᠦᠮ ᠪᠢᠰᠢ ᠪᠢᠵᠡ? ᠶᠠᠮᠠᠷ ᠴᠦ᠍ ᠠᠨᠢᠷ ᠴᠢᠮᠡᠭᠡ ᠦᠭᠡᠢ ᠵᠦᠯᠴᠢᠢᠵᠦ ᠬᠠᠷᠠᠭᠳᠠᠨ᠎ᠠ᠃《ᠠᠢ ᠬᠡᠩ᠂ ᠠᠢ ᠬᠡᠩ!》 ᠭᠡᠵᠦ ᠬᠦᠴᠦᠲᠡᠢ ᠰᠢᠭ ᠬᠠᠨᠢᠶᠠᠯᠭᠠᠪᠠᠯ ᠲᠡᠷᠡ ᠴᠠᠭᠠᠨ ᠡᠪᠦᠭᠡᠨ᠄ 
       — ᠶᠠᠭᠠᠬᠢᠭᠰᠠᠨ ᠲᠣᠮᠣᠭ᠎ᠠ ᠦᠭᠡᠢ ᠬᠡᠦᠬᠡᠳ ᠪᠣᠢ? ᠭᠡᠳ ᠨᠠᠭᠠᠰᠢ ᠪᠠᠨ ᠬᠠᠷᠠᠬᠤ ᠴᠤ᠌ ᠦᠭᠡᠢ ᠮᠥᠨ ᠯᠡ ᠬᠢᠳᠡᠭ ᠢ᠋ᠶ᠋ᠡᠨ ᠬᠢᠨ᠎ᠡ᠃ 
       ᠵᠠᠩᠴᠤᠪ ᠡᠨᠡ ᠴᠠᠭᠠᠨ ᠡᠪᠦᠭᠡᠨ ᠳ᠋ᠦ᠍ ᠢᠩᠭᠢᠵᠦ ᠬᠡᠯᠡᠭᠳᠡᠭᠰᠡᠨ ᠳ᠋ᠡᠭᠡᠨ ᠰᠠᠨᠳᠤᠷᠴᠤ ᠡᠮᠦᠨ᠎ᠡ ᠡᠴᠡ ᠨᠢ ᠶᠠᠭᠤ ᠭᠡᠵᠦ ᠬᠡᠯᠡᠬᠦ ᠪᠡᠨ ᠣᠯᠬᠤ ᠦᠭᠡᠢ ᠰᠠᠨᠳᠤᠷᠪᠠ᠃ 
       — ᠶᠠᠭᠤ ᠶᠠᠭᠠᠬᠢᠬᠤ ᠪᠠᠷ ᠶᠠᠪᠤᠭ᠎ᠠ ᠪᠣᠢ ᠴᠢ? ᠡᠵᠢ ᠳ᠋ᠡᠭᠡᠨ ᠡᠮ ᠠᠪᠬᠤ ᠭᠡᠰᠡᠨ ᠪᠣᠯ ᠨᠠᠭᠠᠰᠢ ᠪᠠᠨ ᠢᠷ᠎ᠡ! ᠶᠠᠭᠤᠨ ᠳ᠋ᠤ᠌ ᠬᠠᠯᠵᠠᠨ ᠰᠦᠷ ᠲᠠᠲᠠᠭᠠᠳ᠁ ᠬᠠᠭᠤᠷᠠᠢ ᠬᠠᠨᠢᠶᠠᠭᠠᠳ ᠪᠠᠢᠨ᠎ᠠ? 
       — ᠁  
       — ᠵᠠ᠂ ᠨᠠᠭᠠᠰᠢ ᠢᠷ᠎ᠡ! ᠪᠢᠰᠢᠭᠦᠷᠬᠡᠬᠦ ᠶᠠᠭᠤ ᠪᠠᠢᠬᠤ ᠪᠣᠢ? ᠪᠢ ᠴᠢᠮᠠᠶ᠋ᠢ ᠠᠯᠢ ᠡᠷᠲᠡ ᠣᠯᠵᠤ ᠦᠵᠡᠭᠰᠡᠨ᠃ ᠲᠠᠨ ᠤ᠋ ᠳ᠋ᠤ᠌ ᠬᠡᠨ ᠨᠢ ᠶᠠᠰᠤ ᠪᠠᠨ ᠭᠡᠮᠲᠦᠭᠡᠪᠡ? ᠬᠠᠳᠠᠨ ᠤ᠋ ᠠᠩ ᠱᠠᠭᠠᠢᠵᠤ ᠭᠦᠶᠦᠭᠰᠡᠨ ᠢ᠋ ᠴᠢᠨᠢ ᠬᠠᠷᠠᠪᠠᠯ ᠵᠡᠰ ᠡᠪᠡᠰᠦ ᠲᠡᠭᠦᠵᠦ ᠶᠠᠪᠤᠭ᠎ᠠ ᠪᠣᠯᠤᠯᠲᠠᠢ᠃ ᠲᠡᠢᠮᠦ ᠤᠤ? 
       — ᠲᠡᠢᠮᠦ! ᠭᠡᠵᠦ ᠵᠠᠩᠴᠤᠪ ᠪᠤᠷᠤᠭᠤ ᠬᠢᠭᠰᠡᠨ ᠬᠡᠦᠬᠡᠳ ᠰᠢᠭ ᠲᠣᠯᠣᠭᠠᠢ ᠪᠠᠨ ᠭᠠᠨᠵᠤᠭᠠᠯᠠᠨ ᠳᠣᠷᠣᠢ ᠳᠤᠤᠭᠠᠷᠪᠠ᠃ 
       — ᠬᠥᠶᠢ᠂ ᠡᠨᠡ ᠬᠦᠦ ᠶᠠᠭᠠᠬᠢᠪᠠ? ᠠᠩᠬᠠᠨ ᠳ᠋ᠤ᠌ ᠬᠠᠳᠠ ᠳᠣᠷᠭᠢᠲᠠᠯ᠎ᠠ ᠬᠠᠨᠢᠶᠠᠯᠭᠠᠵᠤ ᠪᠠᠢᠭᠰᠠᠨ ᠲᠡᠩᠬᠡᠭᠡ ᠴᠢᠨᠢ ᠶᠠᠭᠠᠬᠢᠴᠢᠬᠠᠪᠠ? ᠴᠢᠮᠬᠢᠭᠦᠯᠦᠭᠰᠡᠨ ᠬᠤᠷᠠᠭ᠎ᠠ ᠰᠢᠭ᠋ ᠴᠢᠮᠡᠭᠡ ᠦᠭᠡᠢ ᠪᠣᠯᠴᠢᠬᠠᠳᠠᠭ ᠴᠢᠨᠢ⁈ 
       ᠵᠠᠩᠴᠤᠪ ᠡᠨᠡ ᠴᠠᠭᠠᠨ ᠰᠠᠬᠠᠯ ᠲᠠᠢ ᠡᠪᠦᠭᠡᠨ ᠦ᠌ ᠬᠠᠵᠠᠭᠤ ᠳ᠋ᠤ᠌ ᠶᠠᠭᠠᠬᠢᠵᠤ ᠣᠴᠢᠭᠰᠠᠨ ᠢ᠋ᠶ᠋ᠠᠨ ᠴᠤ᠌ ᠮᠡᠳᠡᠬᠦ ᠦᠭᠡᠢ᠃ ᠨᠢᠭᠡ ᠮᠡᠳᠡᠬᠦ ᠳ᠋ᠦ᠍ ᠴᠠᠭᠠᠨ ᠰᠠᠬᠠᠯ ᠲᠠᠢ ᠡᠪᠦᠭᠡᠨ ᠦ᠌ ᠬᠠᠵᠠᠭᠤ ᠳ᠋ᠤ᠌ ᠮᠡᠯᠡᠷᠡᠨ ᠰᠠᠭᠤᠵᠤ ᠪᠠᠢᠯ᠎ᠠ᠃ 

— — — —   
① ᠠᠭᠤᠯᠠᠨ ᠤ᠋ ᠬᠠᠳᠠᠨ ᠤ᠋ ᠰᠡᠭᠦᠳᠡᠷ ᠳᠠᠭᠠᠵᠤ ᠤᠷᠭᠤᠳᠠᠭ᠂ ᠵᠡᠰ ᠤᠲᠠᠰᠤ ᠰᠢᠭ᠋ ᠬᠦᠷᠡᠩ ᠤᠯᠠᠭᠠᠨ ᠥᠩᠭᠡᠲᠡᠢ᠂ ᠵᠢᠵᠢᠭ ᠰᠢᠷ᠎ᠠ ᠴᠡᠴᠡᠭ ᠲᠡᠢ ᠡᠮᠲᠦ ᠡᠪᠡᠰᠦ᠃  


          ᠦᠰᠦᠭ ᠠᠮᠢᠯᠠᠭᠤᠯᠤᠭᠰᠠᠨ ᠨᠢ᠄ ᠪᠠᠭᠠᠲᠤᠷ