ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠳᠥᠷᠪᠡ Үүрийн туяа II – Б ᠂ Ренчин Хоёрдугаар дэвтэр "Гал усны гашуун зовлон"-4
ᠳᠥᠷᠪᠡ᠂ ᠰᠢᠷᠴᠢᠨ ᠴᠡᠷᠢᠭ ᠲᠦ ᠮᠣᠷᠳᠠᠪᠠ
ᠥᠨᠥᠴᠢᠨ ᠥᠷᠥᠭᠡᠰᠦᠨ ᠬᠥᠮᠦᠨ ᠦ᠌
ᠠᠯᠲᠠᠨ ᠳᠡᠯᠡᠬᠡᠢ ᠳ᠋ᠦ᠍ ᠠᠵᠤ ᠲᠥᠷᠥᠬᠦ ᠨᠢ ᠬᠡᠴᠡᠭᠦᠦ ᠠ᠋
ᠱᠧᠪᠴᠧᠨᠺᠦ
ᠴᠡᠷᠡᠨ ᠠᠮᠠᠨ ᠳᠣᠲᠣᠷ᠎ᠠ ᠪᠠᠨ ᠳᠠᠭᠤᠤ ᠬᠦᠩᠭᠢᠨᠡᠨ ᠳᠠᠭᠤᠯᠠᠭᠰᠠᠭᠠᠷ᠂ ᠲᠡᠮᠡᠭᠡ ᠪᠡᠨ ᠭᠡᠷ ᠦ᠋ᠨ ᠵᠦᠭ ᠲᠠᠭᠤᠵᠤ ᠶᠠᠪᠤᠪᠠ᠃ ᠡᠪᠦᠯ ᠦ᠋ᠨ ᠡᠬᠢᠨ ᠰᠠᠷ᠎ᠠ ᠶ᠋ᠢᠨ ᠦᠳᠡᠰᠢ ᠶ᠋ᠢᠨ ᠪᠦᠷᠦᠢ ᠪᠠᠷᠤᠢ ᠳ᠋ᠤ᠌ ᠡᠰᠢ ᠳᠠᠰᠢ ᠬᠠᠷᠠᠵᠤ ᠶᠠᠪᠤᠲᠠᠯ᠎ᠠ᠂ ᠲᠡᠳᠡᠨ ᠦ᠌ ᠡᠪᠦᠯᠵᠢᠶᠡᠨ ᠦ᠌ ᠵᠦᠭ ᠨᠢᠭᠡᠨ ᠬᠥᠮᠦᠨ ᠲᠡᠷᠲᠡᠭᠡ ᠬᠣᠯᠠ ᠶᠠᠪᠠᠭᠠᠨ ᠶᠠᠪᠤᠵᠤ ᠪᠠᠢᠭ᠎ᠠ ᠮᠡᠲᠦ ᠦᠵᠡᠭᠳᠡᠪᠡ᠃ ᠮᠠᠨᠠᠢᠬᠢᠨ ᠤ᠋ ᠴᠥᠮ ᠭᠡᠷ ᠲᠡᠭᠡᠨ ᠪᠢᠯᠡ᠃ ᠡᠢᠮᠦ ᠣᠷᠣᠢ ᠶᠠᠮᠠᠷ ᠬᠥᠮᠦᠨ ᠮᠠᠨᠠᠢ ᠳ᠋ᠤ᠌ ᠶᠠᠪᠠᠭᠠᠨ ᠣᠴᠢᠵᠤ ᠶᠠᠪᠤᠭ᠎ᠠ ᠶᠤᠮ ᠪᠣᠯ? ᠲᠡᠮᠡᠭᠡ ᠠᠪᠠᠴᠢᠵᠤ ᠥᠭᠴᠦ ᠳᠥᠬᠥᠭᠦᠯᠦᠶᠡ ᠭᠡᠵᠦ ᠪᠣᠳᠣᠭᠠᠳ ᠨᠢᠭᠡ ᠲᠡᠮᠡᠭᠡ ᠪᠠᠷᠢᠵᠤ ᠬᠥᠲᠥᠯᠦᠨ᠂ ᠲᠡᠷᠡ ᠶᠠᠪᠠᠭᠠᠨ ᠭᠠᠭᠴᠠ ᠬᠥᠮᠦᠨ ᠦ᠌ ᠵᠦᠭ ᠣᠢᠷᠠᠲᠤᠪᠠᠯ᠂ ᠬᠥᠯ ᠢ᠋ᠶ᠋ᠡᠨ ᠳᠠᠭᠠᠭᠠᠵᠤ ᠶᠠᠳᠠᠭᠰᠠᠨ ᠨᠢᠭᠡᠨ ᠵᠠᠯᠠᠭᠤ ᠬᠥᠮᠦᠨ ᠠᠵᠢ᠃ ᠠᠵᠢᠭᠯᠠᠨ ᠬᠠᠷᠠᠪᠠᠯ᠂ ᠵᠠᠩᠭᠢ ᠶ᠋ᠢᠨ ᠮᠠᠯ ᠬᠠᠷᠢᠭᠤᠯᠬᠤ ᠳ᠋ᠤ᠌ ᠲᠡᠷᠡ ᠵᠢᠯ ᠲᠤᠰᠠᠯᠠᠯᠴᠠᠵᠤ ᠪᠠᠢᠭᠰᠠᠨ ᠥᠨᠥᠬᠢ ᠵᠠᠯᠠᠭᠤ ᠮᠥᠨ ᠲᠤᠯᠠ᠂ ᠪᠠᠶᠠᠷᠯᠠᠨ᠄
— ᠰᠢᠷᠴᠢᠨ! ᠴᠢ ᠮᠠᠨᠠᠢ ᠳ᠋ᠤ᠌ ᠣᠴᠢᠵᠤ ᠶᠠᠪᠤᠭ᠎ᠠ ᠶᠤᠮ ᠪᠢᠰᠢ ᠪᠢᠵᠡ? ᠭᠡᠵᠦ ᠠᠰᠠᠭᠤᠪᠠᠯ᠂
— ᠲᠡᠢᠮᠦ ᠠ᠋᠂ ᠠᠯᠢ ᠥᠷᠯᠥᠭᠡᠨ ᠡᠴᠡ ᠰᠤᠨᠲᠠᠯ᠎ᠠ ᠠᠯᠬᠤᠭᠰᠠᠭᠠᠷ᠂ ᠬᠥᠯ ᠢ᠋ᠶ᠋ᠡᠨ ᠳᠠᠭᠠᠭᠠᠬᠤ ᠦᠭᠡᠢ ᠪᠣᠯᠤᠯ᠎ᠠ᠃ ᠲᠡᠮᠡᠭᠡ ᠠᠪᠴᠢᠷᠠᠭᠰᠠᠨ ᠴᠢᠨᠢ ᠶᠠᠭᠤᠲᠠᠢ ᠰᠠᠢᠨ ᠪᠢᠯᠡ ᠭᠡᠵᠦ ᠲᠡᠮᠡᠭᠡ ᠶ᠋ᠢ ᠨᠢ ᠤᠨᠤᠵᠤ᠂
— ᠪᠢ᠂ ᠶᠡᠷᠦᠨᠢ ᠲᠠᠨᠠᠢ ᠳ᠋ᠤ᠌ ᠣᠴᠢᠬᠤ ᠭᠡᠵᠦ ᠠᠯᠢ ᠬᠡᠳᠦᠢᠨ ᠵᠣᠷᠢᠭᠠᠳ᠂ ᠠᠷᠠᠢ ᠬᠢᠵᠦ ᠥᠨᠥ ᠥᠷᠯᠥᠭᠡ ᠰᠠᠢ᠍ᠢ(ᠰᠠᠶᠢ) ᠨᠢᠭᠡ ᠴᠢᠯᠥᠭᠡ ᠣᠯᠵᠤ ᠠᠪᠤᠯ᠎ᠠ ᠭᠡᠬᠦ ᠳ᠋ᠦ᠍ᠨᠢ᠂
— ᠴᠢᠯᠥᠭᠡ ᠣᠯᠳᠠᠬᠤ ᠦᠭᠡᠢ ᠭᠡᠵᠦ᠂ ᠴᠢ ᠠᠷᠭᠠᠮᠵᠢᠶ᠎ᠠ ᠲᠠᠢ ᠮᠣᠷᠢ ᠪᠣᠯᠤᠭᠰᠠᠨ ᠶᠤᠮ ᠤᠤ? ᠶᠠᠪᠠᠭᠠᠨ ᠶᠠᠪᠤᠬᠤ ᠠ᠋ᠴᠠ ᠯᠠ ᠬᠣᠢᠰᠢ ᠲᠦᠷᠦᠭᠦᠨ ᠦ᠌ ᠶᠠᠪᠤᠭᠠᠳ ᠢᠷᠡᠬᠦ ᠦᠭᠡᠢ ᠶᠠᠭᠠᠬᠢᠭᠰᠠᠨ ᠪᠢᠯᠡ? ᠭᠡᠬᠦ ᠳ᠋ᠦ᠍᠂
— ᠬᠣᠨᠢ ᠶ᠋ᠢ ᠨᠢ ᠬᠡᠭᠡᠷ᠎ᠡ ᠬᠠᠶᠠᠬᠤ ᠠ᠋ᠴᠠ ᠬᠠᠢᠷᠠᠯᠠᠭᠠᠳ ᠴᠢᠳᠠᠭᠰᠠᠨ ᠦᠭᠡᠢ᠃ ᠮᠢᠨᠦ ᠬᠣᠨᠢ ᠪᠢᠰᠢ ᠪᠣᠯᠪᠠᠴᠤ ᠪᠢ ᠬᠡᠴᠢᠨᠡᠨ ᠬᠦᠴᠦ ᠰᠦᠢᠳᠬᠡᠵᠦ᠂ ᠡᠪᠦᠯ ᠦ᠋ᠨ ᠬᠦᠢᠲᠡᠨ ᠳ᠋ᠦ᠍ ᠲᠠᠭᠠᠷᠠᠵᠤ᠂ ᠵᠤᠨ ᠤ᠋ ᠬᠠᠯᠠᠭᠤᠨ ᠳ᠋ᠤ᠌ ᠴᠠᠩᠭᠠᠵᠤ ᠬᠠᠷᠢᠭᠤᠯᠤᠭᠰᠠᠭᠠᠷ ᠡᠳᠦᠢ ᠬᠦᠷᠦᠭᠰᠡᠨ ᠬᠣᠨᠢ ᠪᠢᠯᠡ᠃ ᠶᠠᠭᠠᠬᠢᠵᠤ ᠬᠡᠭᠡᠷ᠎ᠡ ᠶ᠋ᠢᠨ ᠨᠣᠬᠠᠢ ᠶ᠋ᠢᠨ ᠣᠯᠵᠠ ᠪᠣᠯᠭᠠᠵᠤ ᠬᠡᠭᠡᠷ᠎ᠡ ᠬᠠᠶᠠᠬᠤ ᠪᠢᠯᠡ ᠭᠡᠵᠦ ᠶᠡᠷᠦ ᠣᠷᠬᠢᠭᠠᠳ ᠶᠠᠪᠤᠬᠤ ᠰᠡᠳᠬᠢᠯ ᠲᠥᠪᠳᠡᠭᠰᠡᠨ ᠦᠭᠡᠢ ᠭᠡᠬᠦ ᠳ᠋ᠦ᠍ᠨᠢ᠂
— ᠵᠠ᠂ ᠣᠳᠣ ᠪᠦᠷ ᠢᠷᠡᠭᠰᠡᠨ ᠪᠢᠵᠡ ᠳᠡ? ᠭᠡᠬᠦ ᠳ᠋ᠦ᠍ᠨᠢ᠄
— ᠦᠭᠡᠢ ᠭᠡᠵᠦ ᠬᠠᠷᠢᠭᠤᠯᠲᠠᠯᠠ ᠴᠡᠷᠡᠨ ᠭᠣᠮᠣᠳᠠᠭᠰᠠᠨ ᠪᠠᠢᠳᠠᠯ ᠲᠠᠢ᠂ ᠲᠡᠮᠡᠭᠡᠨ ᠳᠡᠭᠡᠷ᠎ᠡ ᠪᠡᠨ ᠴᠠᠰᠢ ᠪᠣᠯᠤᠭᠰᠠᠨ ᠢ᠋ ᠦᠵᠡᠭᠡᠳ ᠢᠴᠢᠩᠭᠦᠷᠡᠰᠬᠢᠨ ᠵᠣᠪᠠᠵᠤ ᠥᠭᠦᠯᠡᠷᠦᠨ᠄ ᠪᠢ ᠲᠦᠷᠦᠭᠦᠨ ᠵᠠᠩᠭᠢ ᠶ᠋ᠢᠨ ᠡᠴᠡ ᠮᠣᠷᠳᠠᠬᠤ ᠳ᠋ᠠᠭᠠᠨ ᠬᠡᠭᠡᠷ᠎ᠡ ᠡᠴᠡ ᠠᠬ᠎ᠠ ᠶ᠋ᠢᠨ ᠪᠠᠷᠢᠵᠤ ᠢᠷᠡᠭᠰᠡᠨ ᠬᠠᠮᠠᠭᠤ ᠲᠠᠢ ᠵᠣᠯᠪᠢᠨ ᠢᠩᠭᠡ ᠤᠨᠤᠵᠤ ᠮᠣᠷᠳᠠᠬᠤ ᠳ᠋ᠠᠭᠠᠨ ᠦᠬᠦᠮ ᠢᠴᠢᠭᠰᠡᠨ ᠪᠢᠯᠡ᠃ ᠲᠠ ᠪᠦᠭᠦᠳᠡ ᠡᠴᠡ᠂ ᠲᠡᠭᠡᠭᠡᠳ ᠲᠥᠷᠥᠭᠰᠡᠨ ᠠᠬ᠎ᠠ ᠶ᠋ᠢᠨ ᠡᠴᠡ ᠪᠠᠨ ᠳᠠᠬᠢᠨ ᠵᠠᠩᠭᠢ ᠶ᠋ᠢᠨ ᠳ᠋ᠦ᠍ ᠭᠤᠢᠯᠢᠨᠴᠢᠨ ᠰᠢᠭ᠋ ᠶᠠᠪᠠᠭᠠᠨ ᠮᠥᠯᠬᠥᠵᠦ ᠢᠷᠡᠬᠦ ᠡᠴᠡ ᠢᠴᠢᠵᠦ᠂ ᠶᠠᠮᠠᠷ ᠨᠢᠭᠤᠷ ᠢ᠋ᠶ᠋ᠠᠷ᠂᠂᠂ ᠴᠢᠨᠦ ᠥᠭᠡᠳᠡ ᠡᠴᠡ ᠬᠠᠷᠠᠳᠠᠭ ᠪᠢᠯᠡ?᠂᠂᠂ ᠭᠡᠵᠦ ᠪᠣᠳᠣᠭᠰᠠᠨ ᠶᠤᠮ᠃
ᠪᠢ ᠴᠢᠮᠠᠶ᠋ᠢ ᠶᠡᠬᠡᠯ᠎ᠡ ᠰᠠᠨᠠᠵᠤ ᠶᠠᠪᠤᠭᠰᠠᠨ᠂᠂᠂ ᠭᠡᠵᠦ ᠬᠡᠯᠡᠬᠦ ᠳ᠋ᠦ᠍ᠨᠢ ᠴᠡᠷᠡᠨ ᠦ᠌ ᠮᠠᠩᠨᠠᠢ ᠨᠢ ᠲᠡᠨᠢᠢᠵᠦ᠂ ᠲᠡᠷᠡ ᠬᠣᠶᠠᠷ ᠵᠠᠯᠠᠭᠤ᠂ ᠬᠤᠪᠢ ᠶ᠋ᠢᠨ ᠥᠴᠦᠬᠡᠨ ᠵᠢᠷᠭᠠᠯ ᠵᠣᠪᠠᠯ ᠬᠣᠶᠠᠷ ᠢ᠋ ᠬᠠᠷᠢᠯᠴᠠᠨ ᠬᠡᠯᠡᠯᠴᠡᠭᠰᠡᠭᠡᠷ᠂ ᠰᠤᠨᠤᠮ ᠵᠠᠩᠭᠢ ᠶ᠋ᠢᠨ ᠡᠪᠦᠯᠵᠢᠶᠡᠨ ᠳ᠋ᠦ᠍ ᠬᠦᠷᠴᠦ ᠢᠷᠡᠭᠡᠳ᠂ ᠨᠣᠬᠠᠢ ᠬᠤᠴᠠᠮᠠᠭᠴᠠ ᠴᠡᠷᠡᠨ ᠰᠢᠷᠴᠢᠨ ᠬᠣᠶᠠᠷ ᠢ᠋ ᠲᠠᠨᠢᠭᠠᠳ ᠬᠤᠴᠠᠬᠤ ᠶ᠋ᠢ ᠪᠠᠢᠪᠠ᠃ ᠬᠣᠶᠠᠷ ᠠᠢᠯ ᠤ᠋ᠨ ᠭᠡᠷ ᠦ᠋ᠨ ᠬᠥᠮᠦᠨ᠂ ᠲᠡᠮᠡᠭᠡ ᠪᠡᠨ ᠵᠡᠯ᠎ᠡ ᠡᠴᠡ ᠤᠶᠠᠬᠤ ᠭᠡᠵᠦ ᠭᠠᠷᠴᠤ ᠢᠷᠡᠭᠡᠳ᠂ ᠵᠠᠩᠭᠢ᠂ ᠰᠢᠷᠴᠢᠨ ᠦ᠌ ᠶᠣᠰᠣᠯᠠᠵᠤ ᠠᠮᠤᠷ ᠢ᠋ ᠠᠰᠠᠭᠤᠬᠤ ᠳ᠋ᠤ᠌ ᠬᠠᠷᠢᠭᠤ ᠶᠣᠰᠣᠨ ᠤ᠋ ᠦᠭᠡ ᠬᠡᠯᠡᠵᠦ ᠭᠠᠢᠬᠠᠨ ᠥᠭᠦᠯᠡᠷᠦᠨ᠄
— ᠦᠭᠡᠢ ᠡᠨᠡ ᠴᠢᠨᠢ ᠰᠢᠷᠴᠢᠨ ᠰᠢᠪ ᠳᠡ ᠭᠡᠬᠦ ᠳ᠋ᠦ᠍ᠨᠢ᠂ ᠵᠠᠩᠭᠢ ᠶ᠋ᠢᠨ ᠡᠬᠡᠨᠡᠷ᠄
— ᠶᠠᠭᠠᠬᠢᠭᠰᠠᠨ ᠰᠠᠢᠨ ᠶᠤᠮ ᠪᠣᠢ? ᠠᠯᠢ ᠬᠡᠳᠦᠢᠨᠡᠢ ᠢᠷᠡᠪᠡᠯ ᠵᠣᠬᠢᠬᠤ ᠬᠥᠮᠦᠨ ᠴᠢ ᠶᠠᠭᠤᠨ ᠳ᠋ᠤ᠌ ᠢᠩᠭᠢᠵᠦ ᠤᠳᠠᠪᠠ᠃ ᠴᠢᠮᠠᠶ᠋ᠢ ᠴᠡᠷᠢᠭ ᠲᠦ᠍ ᠳᠠᠢᠴᠢᠯᠠᠵᠤ ᠮᠠᠭᠠᠳ ᠦᠭᠡᠢ ᠪᠠᠢᠭᠰᠠᠨ ᠰᠢᠦ᠃ ᠵᠠ᠂ ᠪᠤᠰᠢᠭᠤᠬᠠᠨ ᠭᠡᠷ ᠲᠦ᠍ ᠣᠷᠣᠵᠤ ᠳᠤᠯᠠᠭᠠᠴᠠ᠂ ᠪᠢᠳᠡ ᠲᠡᠮᠡᠭᠡ ᠶ᠋ᠢ ᠴᠡᠷᠡᠨ ᠲᠡᠢ ᠬᠡᠳᠦᠭᠦᠯᠡ ᠪᠡᠨ ᠡᠯᠪᠡᠵᠦ ᠪᠠᠢᠭᠠᠳ ᠤᠶᠠᠨ᠎ᠠ ᠪᠢᠵᠡ ᠭᠡᠵᠡᠢ᠃
ᠵᠠᠩᠭᠢ ᠶ᠋ᠢᠨ ᠭᠡᠷ ᠲᠦ᠍ ᠶᠡᠬᠡ ᠯᠡ ᠳᠤᠯᠠᠭᠠᠬᠠᠨ ᠰᠠᠢᠬᠠᠨ ᠰᠢᠭ᠋ ᠦᠵᠡᠭᠳᠡᠪᠡ᠃ ᠲᠤᠯᠭᠠᠨ ᠳ᠋ᠤ᠌ ᠭᠠᠯ ᠠᠰᠠᠵᠤ᠂ ᠭᠡᠷ ᠦ᠋ᠨ ᠬᠠᠨ᠎ᠠ᠂ ᠠᠪᠳᠠᠷ᠎ᠠ ᠰᠠᠪᠠᠨ ᠳ᠋ᠤ᠌ ᠭᠠᠯ ᠤ᠋ᠨ ᠲᠤᠶᠠᠭ᠎ᠠ ᠰᠦᠮᠡᠯᠵᠡᠨ ᠲᠣᠰᠴᠤ ᠪᠤᠷᠬᠠᠨ ᠤ᠋ ᠡᠮᠦᠨ᠎ᠡ ᠵᠤᠯᠠ ᠪᠠᠳᠠᠷᠠᠵᠤ᠂ ᠵᠡᠷᠯᠢᠭ ᠰᠣᠩᠭᠢᠨ᠎ᠠ ᠪᠠᠷ ᠠᠮᠲᠠ ᠣᠷᠣᠭᠤᠯᠤᠭᠰᠠᠨ ᠰᠠᠢᠬᠠᠨ ᠱᠥᠯᠥ ᠨᠢ ᠦᠨᠦᠷ ᠬᠠᠩᠬᠤᠯᠵᠤ ᠪᠠᠢᠪᠠ᠃
ᠵᠠᠩᠭᠢ ᠭᠠᠳᠠᠨ᠎ᠠ ᠠ᠋ᠴᠠ ᠣᠷᠣᠵᠤ ᠢᠷᠡᠭᠡᠳ ᠮᠣᠩᠭᠣᠯ ᠤ᠋ᠨ ᠶᠣᠰᠣ ᠵᠠᠩᠰᠢᠯ ᠢ᠋ ᠳᠠᠭᠠᠵᠤ᠂ ᠰᠢᠷᠴᠢᠨ ᠦ᠌ ᠠᠬ᠎ᠠ ᠶ᠋ᠢᠨ ᠮᠠᠯ ᠤ᠋ᠨ ᠬᠦᠴᠦ ᠲᠠᠷᠭᠤ ᠡᠪᠦᠯᠵᠢᠶ᠎ᠡ ᠪᠡᠯᠴᠢᠭᠡᠷ ᠢ᠋ ᠠᠰᠠᠭᠤᠵᠤ᠂ ᠴᠢᠨᠣ᠎ᠠ ᠬᠤᠯᠠᠭᠠᠢ ᠪᠣᠢ ᠦᠭᠡᠢ ᠭᠡᠬᠦ ᠵᠡᠷᠭᠡ ᠲᠣᠭᠲᠠᠭᠰᠠᠨ ᠦᠭᠡ ᠠᠰᠠᠭᠤᠪᠠ᠃ ᠵᠠᠩᠭᠢ ᠶ᠋ᠢᠨ ᠡᠮᠡᠭᠡᠨ ᠰᠢᠷᠴᠢᠨ ᠳ᠋ᠦ᠍ ᠬᠠᠯᠠᠭᠤᠨ ᠴᠠᠢ ᠬᠢᠵᠦ᠂ ᠰᠢᠷᠡᠭᠡᠨ ᠳᠡᠭᠡᠷ᠎ᠡ ᠪᠢᠰᠢᠯᠠᠭ ᠲᠣᠰᠣ᠂ ᠬᠤᠷᠤᠳ ᠥᠷᠥᠮ᠎ᠡ ᠲᠡᠢ᠂ ᠪᠣᠯᠤᠭᠰᠠᠨ ᠭᠤᠯᠢᠷ ᠲᠠᠢ ᠲᠠᠪᠠᠭ ᠢᠳᠡᠭᠡ ᠲᠠᠯᠪᠢᠵᠤ᠂ ᠴᠡᠷᠡᠨ ᠢ᠋ ᠲᠣᠳᠬᠠᠨ ᠳ᠋ᠤ᠌ ᠬᠠᠪᠴᠢᠭᠤᠯᠤᠭᠰᠠᠨ ᠬᠠᠢᠴᠢ ᠠᠪᠤᠭᠠᠳ ᠥᠭᠭᠦᠨ᠎ᠡ ᠤᠤ᠂ ᠪᠢ᠂ ᠲᠡᠮᠡᠭᠡ ᠬᠣᠯᠠ ᠶᠠᠪᠤᠴᠢᠵᠠᠢ᠃ ᠴᠢᠮᠠᠶ᠋ᠢ ᠣᠯᠵᠤ ᠴᠢᠳᠠᠬᠤ ᠦᠭᠡᠢ ᠨᠢ ᠭᠡᠵᠦ ᠪᠣᠳᠣᠭᠠᠳ ᠬᠡᠭᠡᠷ᠎ᠡ ᠶ᠋ᠢᠨ ᠨᠣᠬᠠᠢ ᠶ᠋ᠢᠨ ᠠᠮᠠ ᠪᠣᠭᠣᠬᠤ ᠭᠡᠵᠦ ᠬᠠᠢᠴᠢᠨ ᠳ᠋ᠠᠭᠠᠨ ᠴᠢᠯᠠᠭᠤ ᠵᠠᠭᠤᠯᠭᠠᠵᠤ᠂ ᠲᠡᠮᠡᠭᠡᠨ ᠦ᠌ ᠤᠩᠭᠠᠰᠤᠨ ᠤᠲᠠᠰᠤ ᠪᠠᠷ ᠪᠣᠭᠣᠭᠰᠠᠨ ᠪᠢᠯᠡ᠃ ᠣᠳᠣ ᠲᠡᠮᠡᠭᠡ ᠨᠢᠭᠡᠨᠲᠡ ᠬᠦᠷᠴᠦ ᠢᠷᠡᠭᠰᠡᠨ ᠲᠤᠯᠠ ᠠᠮᠢᠲᠠᠨ ᠤ᠋ ᠠᠮᠠ ᠪᠣᠭᠣᠭᠠᠳ ᠶᠠᠭᠠᠬᠢᠬᠤ ᠪᠣᠢ ᠭᠡᠬᠦ ᠳ᠋ᠦ᠍ᠨᠢ᠂ ᠴᠡᠷᠡᠨ ᠲᠣᠳᠬᠠᠨ ᠠ᠋ᠴᠠ ᠬᠠᠢᠴᠢ ᠠᠪᠴᠤ《ᠴᠢᠨᠣ᠎ᠠ》 ᠶ᠋ᠢᠨ ᠠᠮᠠ ᠶ᠋ᠢ ᠲᠠᠢᠯᠤᠭᠠᠳ᠂ ᠬᠠᠢᠴᠢ ᠶ᠋ᠢ ᠡᠮᠡᠭᠡᠨ ᠡᠵᠡᠭᠲᠡᠢ ᠳ᠋ᠦ᠍ ᠥᠭᠪᠡ᠃
ᠰᠢᠷᠴᠢᠨ ᠬᠣᠭᠣᠯᠠ ᠴᠠᠳᠲᠠᠯ᠎ᠠ ᠪᠠᠨ ᠢᠳᠡᠭᠡᠳ᠂ ᠠᠬ᠎ᠠ ᠨᠠᠮᠠᠶ᠋ᠢ ᠴᠡᠷᠢᠭ ᠦ᠋ᠨ ᠠᠯᠪᠠᠨ ᠠ᠋ᠴᠠ ᠴᠢᠯᠥᠭᠡ ᠭᠤᠶᠤᠵᠤ ᠢᠷ᠎ᠡ ᠭᠡᠵᠦ ᠶᠠᠪᠤᠭᠤᠯᠤᠭᠰᠠᠨ ᠪᠢᠯᠡ᠃ ᠪᠢ ᠬᠠᠷᠢᠨ ᠨᠠᠮᠠᠶ᠋ᠢ ᠴᠡᠷᠢᠭ ᠲᠦ᠍ ᠶᠠᠪᠤᠭᠤᠯᠵᠤ ᠥᠭᠭᠦᠨ᠎ᠡ ᠤᠤ ᠭᠡᠵᠦ ᠵᠠᠩᠭᠢ ᠭᠤᠸᠠᠢ ᠶ᠋ᠢ ᠭᠤᠶᠤᠬᠤ ᠭᠡᠵᠦ ᠵᠣᠷᠢᠵᠤ ᠢᠷᠡᠯ᠎ᠡ ᠭᠡᠵᠦ ᠤᠴᠢᠷ ᠢ᠋ᠶ᠋ᠠᠨ ᠬᠡᠯᠡᠪᠡ᠃
— ᠴᠢ ᠶᠠᠮᠠᠷ ᠵᠢᠭᠲᠡᠢ ᠠᠮᠢᠲᠠᠨ ᠪᠣᠢ? ᠭᠡᠵᠦ ᠡᠪᠦᠭᠡᠨ ᠵᠠᠩᠭᠢ ᠭᠠᠢᠬᠠᠪᠠ᠃ ᠠᠬ᠎ᠠ ᠴᠢᠨᠢ ᠴᠢᠯᠥᠭᠡ ᠭᠤᠶᠤᠵᠤ ᠢᠷ᠎ᠡ ᠭᠡᠵᠦ ᠶᠠᠪᠤᠭᠤᠯᠵᠤ ᠪᠠᠢᠬᠤ᠂ ᠴᠢ ᠥᠪᠡᠷ ᠢ᠋ᠶ᠋ᠡᠨ ᠬᠠᠷᠢᠨ ᠴᠡᠷᠢᠭ ᠲᠦ᠍ ᠮᠣᠷᠳᠠᠶ᠎ᠠ ᠭᠡᠵᠦ ᠵᠢᠳᠬᠦᠵᠦ ᠪᠠᠢᠬᠤ᠂ ᠦᠭᠡᠢ ᠴᠢ᠂ ᠮᠠᠩᠭᠣ ᠮᠢᠨᠢ ᠣᠳᠣ ᠴᠠᠭ ᠲᠥᠷᠥ ᠶ᠋ᠢᠨ ᠪᠠᠢᠳᠠᠯ ᠲᠦᠭᠰᠢᠭᠦᠷᠢᠲᠡᠢ᠂ ᠴᠡᠷᠢᠭ ᠲᠠᠲᠠᠵᠤ ᠪᠠᠢᠭ᠎ᠠ ᠨᠢ᠂ ᠤᠯᠢᠶᠠᠰᠤᠲᠠᠢ ᠠ᠋ᠴᠠ ᠮᠠᠨᠵᠤ ᠨᠠᠷ ᠢ᠋ ᠬᠥᠭᠡᠭᠡᠨ ᠪᠠᠢᠯᠳᠤᠬᠤ ᠭᠡᠵᠦ ᠪᠠᠢᠭ᠎ᠠ ᠶ᠋ᠢ ᠮᠡᠳᠡᠭᠡ ᠦᠭᠡᠢ ᠤᠤ? ᠤᠯᠢᠶᠠᠰᠤᠲᠠᠢ ᠶ᠋ᠢᠨ ᠰᠠᠩ ᠤ᠋ᠨ ᠬᠣᠲᠠᠨ ᠳ᠋ᠤ᠌ ᠨᠣᠭᠣᠭᠠᠨ ᠲᠤᠭ ᠤ᠋ᠨ ᠬᠦᠨᠳᠦ ᠴᠡᠷᠢᠭ ᠭᠤᠷᠪᠠᠨ ᠮᠢᠩᠭᠠᠨ ᠬᠥᠮᠦᠨ ᠪᠠᠢᠭ᠎ᠠ ᠰᠢᠦ ᠳᠡ᠃ ᠴᠥᠮ ᠴᠡᠷᠢᠭ ᠦ᠋ᠨ ᠰᠤᠷᠭᠠᠭᠤᠯᠢ ᠲᠠᠢ ᠤᠯᠤᠰ᠂ ᠪᠠᠰᠠ ᠬᠤᠷᠴᠠ ᠵᠡᠪᠰᠡᠭ ᠬᠤᠷᠳᠤᠨ ᠫᠤᠤ ᠲᠠᠢ᠃ ᠮᠠᠨᠠᠢᠬᠢᠨ ᠲᠠᠢ ᠠᠳᠠᠯᠢ ᠦᠭᠡᠢ᠂ ᠴᠢ ᠲᠡᠭᠡᠬᠦ ᠳ᠋ᠦ᠍᠂ ᠪᠣᠳᠣᠪᠠᠯ ᠫᠤᠤ ᠭᠠᠷ ᠲᠠᠭᠠᠨ ᠴᠤ᠌ ᠪᠠᠷᠢᠵᠤ ᠦᠵᠡᠭᠡ ᠦᠭᠡᠢ ᠠᠮᠢᠲᠠᠨ ᠪᠢᠵᠡ ᠳᠡ? ᠶᠠᠭᠠᠬᠢᠵᠤ ᠴᠢ ᠲᠡᠭᠡᠭᠡᠳ᠂ ᠲᠡᠢᠨ ᠳ᠋ᠦ᠍ ᠮᠣᠷᠳᠠᠬᠤ ᠭᠡᠵᠦ ᠪᠠᠢᠭ᠎ᠠ ᠠᠮᠢᠲᠠᠨ ᠪᠣᠢ? ᠴᠡᠷᠢᠭ ᠲᠡᠢᠨ ᠳ᠋ᠦ᠍ ᠮᠣᠷᠳᠠᠵᠤ᠂ ᠠᠮᠢ ᠠᠯᠳᠠᠨ᠎ᠠ ᠰᠢᠦ ᠴᠢ ᠮᠢᠨᠢ! ᠴᠡᠷᠢᠭ ᠲᠦ᠍ ᠮᠣᠷᠳᠠᠭᠠᠳ ᠶᠠᠭᠤ ᠬᠢᠬᠦ ᠪᠣᠢ᠂ ᠮᠠᠨ ᠤ᠋ ᠡᠨᠳᠡ ᠬᠣᠴᠣᠷᠴᠤ᠂ ᠴᠡᠷᠡᠨ ᠳ᠋ᠦ᠍ ᠬᠣᠨᠢ ᠮᠠᠯ ᠬᠠᠷᠢᠭᠤᠯᠬᠤ ᠳ᠋ᠤᠨᠢ ᠲᠤᠰᠠᠯᠠᠵᠤ ᠪᠠᠢᠪᠠᠯ ᠠᠮᠢᠨ ᠳ᠋ᠤ᠌ ᠴᠢᠨᠢ ᠡᠭᠡᠯᠲᠡᠢ ᠪᠢᠰᠢ ᠤᠤ? ᠪᠢ ᠴᠢᠮᠠᠶ᠋ᠢ ᠢᠩᠭᠢᠨ ᠲᠢᠩᠬᠢᠨ᠂ ᠴᠡᠷᠢᠭ ᠦ᠋ᠨ ᠠᠯᠪᠠᠨ ᠠ᠋ᠴᠠ ᠮᠤᠯᠲᠤᠯᠵᠤ ᠦᠵᠡᠶ᠎ᠡ ᠭᠡᠬᠦ ᠳ᠋ᠦ᠍ᠨᠢ ᠰᠢᠷᠴᠢᠨ ᠵᠠᠪᠠᠯ ᠴᠡᠷᠢᠭ ᠲᠦ᠍ ᠮᠣᠷᠳᠠᠨ᠎ᠠ ᠭᠡᠵᠦ ᠵᠢᠳᠬᠦᠵᠦ᠂ ᠡᠪᠦᠭᠡᠨ ᠵᠠᠩᠭᠢ ᠴᠤ᠌ ᠪᠠᠢ ᠭᠡᠵᠦ ᠰᠢᠬᠠᠬᠤ ᠪᠠᠨ ᠪᠠᠢᠵᠤ᠄
— ᠵᠠ᠂ ᠲᠡᠭᠡᠪᠡᠯ ᠥᠪᠡᠷ ᠢ᠋ᠶ᠋ᠡᠨ ᠮᠡᠳᠡ᠂ ᠲᠡᠢᠨ ᠳ᠋ᠦ᠍ ᠮᠣᠷᠳᠠᠬᠤ ᠬᠥᠮᠦᠨ ᠬᠥᠲᠥᠯᠭᠡᠭᠡ ᠮᠣᠷᠢ ᠲᠠᠢ ᠪᠠᠰᠠ ᠬᠣᠶᠠᠷ ᠤ᠋ᠨ ᠵᠡᠷᠭᠡ ᠲᠡᠮᠡᠭᠡ ᠲᠡᠢ ᠶᠠᠪᠤᠪᠠᠯ ᠰᠠᠢᠨ ᠪᠠᠢᠳᠠᠭ ᠭᠡᠳᠡᠭ᠃ ᠣᠯᠵᠠ ᠲᠠᠢ ᠣᠮᠣᠭ ᠲᠠᠢ ᠶᠠᠪᠤᠪᠠᠯ ᠴᠢᠨᠢ ᠲᠡᠮᠡᠭᠡᠨ ᠳ᠋ᠦ᠍ ᠣᠯᠵᠠ ᠪᠠᠨ ᠠᠴᠢᠳᠠᠭ ᠶᠤᠮ ᠰᠢᠦ᠃ ᠪᠢ ᠴᠢᠮᠠᠲᠤ(ᠴᠢᠮ᠎ᠠ ᠳ᠋ᠤ᠌) ᠬᠣᠶᠠᠷ ᠲᠡᠮᠡᠭᠡ ᠥᠭᠭᠦᠶ᠎ᠡ᠃ ᠬᠠᠷᠢᠨ ᠮᠣᠷᠢ ᠤᠨᠤᠭ᠎ᠠ ᠶ᠋ᠢ ᠴᠢ ᠮᠠᠨᠠᠢ ᠠᠢᠯ ᠤ᠋ᠨ ᠲᠣᠢᠩᠬᠡᠷ ᠡᠴᠡ ᠭᠤᠶᠤᠵᠤ ᠦᠵᠡ! ᠪᠢ ᠲᠡᠭᠦᠨ ᠢ᠋ ᠴᠡᠷᠢᠭ ᠦ᠋ᠨ ᠠᠯᠪᠠᠨ ᠠ᠋ᠴᠠ ᠭᠠᠴᠢᠭᠳᠠᠯ ᠲᠠᠢ ᠭᠡᠵᠦ ᠲᠠᠢᠯᠤᠭᠠᠳ ᠪᠠᠢᠭ᠎ᠠ ᠶᠤᠮ᠃ ᠣᠳᠣ ᠲᠡᠷᠡ ᠬᠥᠮᠦᠨ᠂ ᠬᠠᠷᠢᠭᠤ ᠳ᠋ᠠᠭᠠᠨ ᠴᠢᠮᠠᠲᠤ (ᠴᠢᠮ᠎ᠠ ᠳ᠋ᠤ᠌)ᠤᠨᠤᠭ᠎ᠠ ᠲᠤᠰᠠᠯᠠᠪᠠᠯ ᠲᠠᠭᠠᠷᠠᠨ᠎ᠠ᠃ ᠥᠷᠯᠥᠭᠡ ᠲᠡᠳᠡᠨ ᠦ᠌ ᠳ᠋ᠦ᠍ ᠣᠷᠣᠭᠠᠳ᠂ ᠨᠠᠮᠠᠶ᠋ᠢ ᠬᠡᠯᠡᠭᠰᠡᠨ ᠭᠡᠵᠦ ᠮᠣᠷᠢ ᠭᠤᠶᠤᠭᠠᠷᠠᠢ᠃ ᠵᠠ᠂ ᠣᠳᠣ ᠣᠷᠣᠢ ᠪᠣᠯᠵᠠᠢ᠃ ᠤᠨᠲᠠᠶ᠎ᠠ ᠭᠡᠳ ᠤᠨᠲᠠᠬᠤ ᠶ᠋ᠢᠨ ᠡᠮᠦᠨ᠎ᠡ ᠡᠪᠦᠭᠡᠨ ᠵᠠᠩᠭᠢ᠂ ᠬᠡᠳᠦᠨ ᠮᠥᠩᠭᠥᠨ ᠭᠣᠣ ᠲᠠᠢ ᠪᠤᠯᠢᠭᠠᠷᠢᠨ ᠪᠢᠴᠢᠬᠠᠨ ᠪᠦᠷᠢᠶᠡᠰᠦᠲᠡᠢ ᠪᠤᠷᠬᠠᠨ ᠰᠠᠬᠢᠭᠤᠯᠰᠤ ᠬᠦᠵᠦᠭᠦᠨ ᠳ᠋ᠡᠭᠡᠨ ᠵᠡᠭᠦᠭᠰᠡᠨ ᠢ᠋ᠶ᠋ᠡᠨ ᠠᠪᠴᠤ ᠪᠤᠷᠬᠠᠨ ᠤ᠋ ᠡᠮᠦᠨᠡᠬᠢ ᠢᠨᠵᠠᠭᠠᠨ ᠰᠢᠷᠡᠭᠡᠨ ᠦ᠌ ᠳᠡᠭᠡᠷ᠎ᠡ ᠠᠳᠢᠰ ᠠᠪᠴᠤ ᠲᠠᠯᠪᠢᠪᠠ᠃ ᠴᠡᠷᠡᠨ ᠪᠢᠴᠢᠬᠠᠨ ᠪᠣᠢᠫᠣᠷ ᠲᠤ᠌ ᠴᠣᠭ ᠦᠯᠢᠶᠡᠨ ᠬᠢᠬᠦ ᠵᠠᠪᠰᠠᠷ᠂ ᠡᠪᠦᠭᠡᠨ ᠵᠠᠩᠭᠢ ᠶ᠋ᠢ ᠵᠡᠭᠦᠭᠰᠡᠨ ᠪᠤᠷᠬᠠᠨ ᠰᠠᠬᠢᠭᠤᠯᠰᠤᠨ ᠢ᠋ᠶ᠋ᠠᠨ ᠪᠦᠭᠦᠳᠡ ᠶ᠋ᠢ ᠠᠪᠤᠭᠰᠠᠨ ᠡᠰᠡᠭᠰᠡᠨ᠂ ᠬᠠᠮᠢᠭ᠎ᠠ ᠲᠠᠯᠪᠢᠭᠰᠠᠨ ᠢ᠋ ᠠᠵᠢᠭᠯᠠᠨ ᠬᠠᠷᠠᠵᠤ ᠡᠪᠦᠭᠡᠨ ᠳ᠋ᠦ᠍ ᠴᠣᠭ ᠬᠢᠭᠰᠡᠨ ᠪᠣᠢᠫᠣᠷ ᠥᠭᠪᠡ᠃ ᠵᠠᠩᠭᠢ ᠴᠣᠭ ᠳᠡᠭᠡᠷ᠎ᠡ ᠨᠢᠭᠡᠨ ᠴᠢᠮᠬᠢ ᠣᠳᠤᠯᠭ᠎ᠠ ᠬᠢᠭᠡᠳ᠂ ᠠᠮᠠᠨ ᠳᠣᠲᠣᠷ᠎ᠠ ᠪᠠᠨ ᠤᠩᠰᠢᠯᠭ᠎ᠠ ᠤᠩᠰᠢᠵᠤ᠂ ᠪᠣᠢᠫᠣᠷ ᠲᠠᠢ ᠣᠳᠤᠯᠭ᠎ᠠ ᠪᠠᠷ ᠪᠡᠶ᠎ᠡ ᠶ᠋ᠢ ᠲᠣᠭᠣᠷᠢᠭᠤᠯᠤᠨ ᠤᠳᠤᠭᠠᠳ ᠡᠮᠡᠭᠡᠨ ᠳ᠋ᠡᠭᠡᠨ ᠥᠭᠪᠡ᠃ ᠡᠮᠡᠭᠡᠨ ᠪᠠᠰᠠ ᠤᠳᠤᠯᠭ᠎ᠠ ᠪᠠᠷ ᠪᠡᠶ᠎ᠡ ᠶ᠋ᠢ ᠠᠷᠢᠭᠤᠯᠤᠨ ᠤᠳᠤᠭᠠᠳ᠂ ᠤᠨᠲᠠᠷᠠᠵᠤ ᠪᠠᠢᠭ᠎ᠠ ᠴᠣᠭ ᠲᠠᠢ ᠪᠣᠢᠫᠣᠷ ᠢ᠋ ᠴᠡᠷᠡᠨ ᠳ᠋ᠦ᠍ ᠥᠭᠴᠦ᠂ ᠮᠠᠢ ᠪᠠᠢᠷᠢᠨ ᠳ᠋ᠤᠨᠢ ᠳᠡᠯᠪᠢ ᠭᠡᠵᠦ ᠡᠪᠦᠭᠡᠨ ᠡᠮᠡᠭᠡᠨ ᠬᠣᠶᠠᠷ ᠤᠨᠲᠠᠪᠠ᠃
ᠤᠳᠠᠯ ᠦᠭᠡᠢ ᠭᠡᠷ ᠦ᠋ᠨ ᠳᠣᠲᠣᠷ᠎ᠠ ᠴᠢᠮᠡᠭᠡ ᠠᠨᠢᠷ ᠦᠭᠡᠢ ᠨᠠᠮ ᠭᠦᠮ ᠪᠣᠯᠵᠤ᠂ ᠪᠤᠷᠬᠠᠨ ᠤ᠋ ᠡᠮᠦᠨ᠎ᠡ ᠪᠠᠷᠢᠭᠰᠠᠨ ᠬᠡᠳᠦᠨ ᠵᠤᠯᠠ ᠳᠠᠷᠠᠭ᠎ᠠ ᠳᠠᠷᠠᠭ᠎ᠠ ᠪᠠᠷ ᠪᠥᠬᠥᠵᠦ᠂ ᠭᠠᠭᠴᠠᠬᠦ (ᠭᠠᠭᠴᠠ ᠬᠦ᠌)ᠨᠢᠭᠡᠨ ᠲᠣᠮᠣ ᠵᠡᠰ ᠴᠥᠭᠥᠴᠡ ᠶ᠋ᠢᠨ ᠢᠷᠣᠭᠠᠷ ᠠ᠋ᠴᠠ ᠴᠥᠭᠦᠴᠡᠨ ᠳ᠋ᠦ᠍ ᠬᠠᠰᠢᠭᠳᠠᠨ ᠥᠭᠡᠳᠡ ᠪᠡᠨ ᠰᠦᠮᠡᠯᠵᠡᠬᠦ ᠭᠡᠷᠡᠯ ᠦᠵᠡᠭᠳᠡᠵᠦ ᠰᠢᠷᠴᠢᠭᠢᠨᠡᠨ ᠪᠤᠴᠠᠯᠵᠤ ᠪᠠᠢᠭ᠎ᠠ ᠲᠣᠰᠣᠨ ᠤ᠋ ᠴᠢᠮᠡᠭᠡ᠂ ᠤᠨᠲᠠᠵᠤ ᠪᠠᠢᠭ᠎ᠠ ᠬᠥᠮᠦᠨ ᠦ᠌ ᠠᠮᠢᠰᠬᠤᠯᠯᠠᠬᠤ ᠴᠢᠮᠡᠭᠡ ᠰᠣᠨᠣᠰᠤᠭᠳᠠᠵᠤ ᠪᠠᠢᠪᠠ᠃ ᠨᠢᠴᠦᠭᠦᠨ ᠰᠢᠬᠠᠭᠤ ᠴᠡᠷᠡᠨ᠂ ᠦᠰᠦ ᠲᠡᠢ ᠳᠡᠪᠡᠯ ᠳᠣᠲᠣᠷ᠎ᠠ ᠠ᠋ᠴᠠ ᠰᠠᠮ ᠰᠢᠷᠭᠤᠨ ᠭᠠᠷᠴᠤ ᠢᠷᠡᠭᠡᠳ᠂ ᠪᠤᠷᠬᠠᠨ ᠤ᠋ ᠭᠦᠩᠭᠠᠷᠠᠸ᠎ᠠ ᠶ᠋ᠢᠨ ᠵᠦᠭ ᠠᠶᠠᠷᠬᠠᠨ ᠮᠥᠯᠬᠥᠵᠦ ᠣᠴᠢᠭᠠᠳ ᠨᠢᠭᠡ ᠶᠠᠭᠤᠮ᠎ᠠ ᠶᠠᠭᠠᠷᠠᠨ ᠰᠢᠭᠦᠷᠴᠦ ᠠᠪᠤᠭᠠᠳ᠂ ᠴᠢᠯᠠᠭᠤᠨ ᠳᠣᠣᠷ᠎ᠠ ᠰᠢᠷᠭᠤᠨ ᠣᠷᠣᠭᠰᠠᠨ ᠬᠦᠷᠪᠡᠯ ᠰᠢᠭ᠂ ᠳᠡᠪᠡᠯ ᠳᠣᠣᠷ᠎ᠠ ᠪᠠᠨ ᠰᠢᠷᠭᠤᠨ ᠣᠷᠣᠪᠠᠯ᠂ ᠵᠤᠯᠠ ᠱ᠌ᠢᠷ ᠬᠢᠭᠡᠳ ᠪᠥᠬᠥᠪᠡ᠃
ᠥᠷᠯᠥᠭᠡ᠂ ᠰᠢᠷᠴᠢᠨ ᠤᠷᠢᠳ ᠤ᠋ᠨ ᠠᠳᠠᠯᠢ᠂ ᠴᠡᠷᠡᠨ ᠳ᠋ᠦ᠍ ᠲᠤᠰᠠᠯᠠᠵᠤ ᠬᠣᠨᠢ ᠶ᠋ᠢ ᠪᠡᠯᠴᠢᠭᠡᠬᠦ ᠦᠶᠡᠰ᠂ ᠴᠡᠷᠡᠨ ᠡᠪᠦᠷ ᠡᠴᠡ ᠪᠡᠨ ᠲᠠᠩᠭᠤᠳ ᠦᠰᠦᠭ ᠲᠠᠷᠨᠢ ᠶ᠋ᠢᠨ ᠵᠢᠷᠤᠭ ᠪᠦᠬᠦᠢ ᠡᠪᠬᠡᠮᠡᠯ ᠳᠥᠷᠪᠡᠯᠵᠢᠨ ᠴᠠᠭᠠᠰᠤᠨ ᠰᠠᠬᠢᠭᠤᠯᠰᠤ ᠥᠭᠴᠦ᠂
— ᠮᠠᠢ᠂ ᠡᠭᠦᠨ ᠢ᠋ ᠵᠡᠭᠦᠵᠦ ᠶᠠᠪᠤ᠃ ᠡᠨᠡ ᠪᠣᠯ ᠫᠤᠤ ᠶ᠋ᠢᠨ ᠰᠤᠮᠤ ᠬᠠᠯᠳᠠᠳᠠᠭ ᠦᠭᠡᠢ ᠲᠤᠺᠠᠷᠭᠠᠷᠵᠠᠮᠠ ᠭᠡᠳᠡᠭ ᠬᠣᠪᠣᠷ ᠨᠠᠩᠳᠢᠨ(ᠨᠠᠨᠳᠢᠨ) ᠰᠠᠬᠢᠭᠤᠯᠰᠤ᠂ ᠪᠢ ᠤᠷᠢᠳ ᠰᠥᠨᠢ᠂ ᠬᠥᠮᠦᠨ ᠠᠮᠢᠲᠠᠨ ᠤᠨᠲᠠᠭᠰᠠᠨ ᠬᠣᠢᠨ᠎ᠠ᠂ ᠵᠠᠩᠭᠢ ᠭᠤᠸᠠᠢ ᠶ᠋ᠢᠨ ᠰᠠᠬᠢᠭᠤᠯᠰᠤᠨ ᠳᠣᠲᠣᠷ᠎ᠠ ᠠ᠋ᠴᠠ ᠰᠤᠭᠤ ᠲᠠᠲᠠᠵᠤ ᠠᠪᠤᠭᠠᠳ᠂ ᠣᠷᠣᠨ ᠳ᠋ᠤᠨᠢ ᠥᠪᠡᠷ ᠦ᠋ᠨ ᠢ᠋ᠶ᠋ᠡᠨ ᠵᠢᠷ ᠦ᠋ᠨ ᠨᠢᠭᠡ ᠰᠠᠬᠢᠭᠤᠯᠰᠤ ᠴᠢᠬᠢᠵᠦ ᠣᠷᠬᠢᠯ᠎ᠠ᠃ ᠴᠢ᠂ ᠶᠡᠷᠦ ᠬᠥᠮᠦᠨ ᠳ᠋ᠦ᠍ ᠬᠡᠯᠡᠵᠦ ᠪᠣᠯᠬᠤ ᠦᠭᠡᠢ ᠰᠢᠦ᠂ ᠮᠡᠳᠡᠪᠡᠦ ᠬᠡᠨ ᠳ᠋ᠦ᠍ ᠴᠦ᠍ ᠪᠦᠦ ᠬᠡᠯᠡ᠃ ᠬᠥᠮᠦᠨ ᠮᠡᠳᠡᠪᠡᠯ᠂ ᠪᠢ ᠴᠢᠮᠠᠲᠤ(ᠴᠢᠮ᠎ᠠ ᠳ᠋ᠤ᠌) ᠵᠠᠩᠭᠢ ᠶ᠋ᠢᠨ ᠰᠠᠬᠢᠭᠤᠯᠰᠤ ᠬᠤᠯᠠᠭᠠᠢ ᠬᠢᠵᠦ ᠥᠭᠭᠦᠭᠰᠡᠨ ᠳ᠋ᠡᠭᠡᠨ ᠬᠡᠷᠡᠭ ᠲᠦ᠍ ᠣᠷᠣᠨ᠎ᠠ ᠰᠢᠦ ᠭᠡᠵᠦ ᠬᠡᠯᠡᠪᠡ᠃
ᠰᠢᠷᠴᠢᠨ᠂ ᠲᠡᠷᠡ ᠬᠡᠦᠬᠡᠨ ᠦ᠌ ᠭᠠᠷ ᠠ᠋ᠴᠠ ᠥᠨᠥᠬᠢ ᠬᠣᠪᠣᠷ ᠨᠠᠩᠳᠢᠨ(ᠨᠠᠨᠳᠢᠨ) ᠭᠡᠳᠡᠭ ᠰᠠᠬᠢᠭᠤᠯᠰᠤ ᠶ᠋ᠢ ᠪᠠᠶᠠᠷᠯᠠᠨ ᠠᠪᠴᠤ᠂ ᠰᠠᠬᠢᠭᠤᠯᠰᠤᠨ ᠤ᠋ ᠪᠠᠨ ᠪᠤᠯᠢᠭᠠᠷᠢ ᠭᠡᠷ ᠲᠦ᠍ ᠬᠢᠭᠡᠳ ᠰᠢᠪᠡᠨᠡᠨ ᠥᠭᠦᠯᠡᠷᠦᠨ᠂
— ᠴᠢ ᠰᠠᠢᠨ ᠬᠥᠮᠦᠨ ᠪᠠᠢᠨ᠎ᠠ ᠳᠠ᠂ ᠴᠡᠷᠡᠨ ᠮᠢᠨᠢ᠃ ᠪᠢ ᠠᠶᠠᠨ ᠲᠡᠢᠨ ᠡᠴᠡ ᠡᠷ᠎ᠡ ᠬᠥᠮᠦᠨ ᠰᠢᠭ ᠣᠮᠣᠭ ᠲᠠᠢ ᠣᠯᠵᠠ ᠲᠠᠢ ᠡᠷᠡᠭᠦᠯ ᠮᠡᠨᠳᠦ ᠪᠤᠴᠠᠵᠤ ᠢᠷᠡᠪᠡᠯ᠂ ᠪᠤᠰᠤᠳ ᠢ᠋ ᠴᠢᠷᠠᠢᠴᠢᠯᠠᠬᠤ ᠦᠭᠡᠢ᠂ ᠠᠮᠢ ᠵᠢᠭᠤᠵᠤ ᠴᠢᠳᠠᠬᠤ ᠪᠣᠯᠤᠨ᠎ᠠ᠃ ᠲᠡᠷᠡ ᠴᠠᠭ ᠲᠤ᠌᠂᠂᠂᠂᠂᠂ ᠴᠢ᠂ ᠮᠢᠨᠦ ᠨᠢᠭᠡ ᠨᠠᠰᠤᠨ ᠤ᠋ ᠬᠠᠨᠢ ᠪᠣᠯᠵᠤ ᠥᠭᠬᠦ ᠤᠤ ᠴᠡᠷᠡᠨ? ᠭᠡᠬᠦ ᠳ᠋ᠦ᠍ᠨᠢ ᠲᠡᠷᠡ ᠬᠡᠦᠬᠡᠨ ᠦ᠌ ᠴᠢᠷᠠᠢ ᠭᠡᠨᠡᠳᠲᠡ ᠤᠪ ᠤᠯᠠᠭᠠᠨ ᠪᠣᠯᠵᠤ᠂ ᠵᠠ ᠭᠡᠵᠦ ᠰᠢᠪᠡᠨᠡᠨ ᠳᠤᠤᠭᠠᠷᠪᠠ᠃
— ᠰᠢᠷᠴᠢᠨ! ᠵᠠᠩᠭᠢ ᠴᠢᠮᠠᠶ᠋ᠢ (ᠴᠢᠮ᠎ᠠ) ᠶ᠋ᠢ ᠳᠠᠭᠤᠳᠠᠵᠤ ᠪᠠᠢᠨ᠎ᠠ ᠭᠡᠵᠦ ᠡᠮᠡᠭᠡᠨ ᠦ᠌ ᠳᠠᠭᠤᠨ ᠭᠡᠨᠡᠳᠲᠡ ᠰᠣᠨᠣᠰᠤᠭᠳᠠᠵᠤ᠂ ᠭᠡᠷ ᠲᠦ᠍ ᠣᠷᠣᠪᠠᠯ ᠵᠠᠩᠭᠢ ᠬᠠᠮᠠᠷ ᠳᠡᠭᠡᠷ᠎ᠡ ᠪᠡᠨ ᠲᠣᠮᠣ ᠭᠡᠭᠴᠢ ᠶ᠋ᠢᠨ ᠬᠢᠲᠠᠳ ᠤᠰᠤᠨ ᠪᠣᠯᠣᠷ ᠰᠢᠯ ᠲᠣᠬᠣᠭᠠᠳ ᠪᠢᠷ ᠪᠠᠷᠢᠵᠤ ᠠᠯᠠᠭᠠᠨ ᠳᠡᠭᠡᠷ᠎ᠡ ᠪᠡᠨ ᠴᠠᠭᠠᠰᠤ ᠲᠠᠯᠪᠢᠨ ᠨᠢᠭᠡ ᠶᠠᠭᠤᠮ᠎ᠠ ᠪᠢᠴᠢᠵᠦ᠂
— ᠵᠠ᠂ ᡀᠠ ᠪᠡᠢᠰᠡ ᠶ᠋ᠢᠨ ᠬᠣᠰᠢᠭᠤ ᠲᠠᠮᠠᠭ᠎ᠠ ᠶ᠋ᠢᠨ ᠭᠠᠵᠠᠷ ᠬᠦᠷᠲᠡᠯ᠎ᠡ ᠴᠢᠨᠦ ᠬᠡᠷᠡᠭᠯᠡᠬᠦ ᠤᠯᠠᠭ᠎ᠠ ᠶ᠋ᠢᠨ ᠵᠠᠷ ᠡᠨᠡ ᠪᠠᠢᠨ᠎ᠠ᠃ ᠲᠡᠮᠡᠭᠡ ᠶ᠋ᠢ ᠪᠢ ᠴᠢᠮᠠᠲᠤ (ᠴᠢᠮ᠎ᠠ ᠳ᠋ᠤ᠌) ᠥᠷᠲᠡᠭᠡ ᠬᠦᠷᠲᠡᠯ᠎ᠡ ᠬᠥᠯ ᠵᠠᠯᠭᠠᠭᠤᠯᠬᠤ ᠲᠡᠳᠦᠢ ᠯᠡ ᠥᠭᠭᠦᠶ᠎ᠡ᠃ ᠴᠢ ᠶᠡᠷᠦᠨᠢ(ᠶᠡᠷᠦ ᠨᠢ)ᠠᠶᠠᠨ ᠬᠢᠵᠦ ᠦᠵᠡᠭᠡ ᠦᠭᠡᠢ ᠵᠠᠯᠠᠭᠤ᠂ ᠲᠡᠮᠡᠭᠡ ᠴᠢᠮᠠᠲᠤ(ᠴᠢᠮ᠎ᠠ ᠳ᠋ᠤ᠌) ᠲᠤᠰᠠ ᠪᠣᠯᠬᠤ ᠠ᠋ᠴᠠ ᠲᠦᠪᠡᠭ ᠳᠠᠷᠤᠭ᠎ᠠ ᠪᠣᠯᠬᠤ ᠨᠢ ᠶᠡᠬᠡ ᠪᠠᠢᠬᠤ᠃ ᠬᠠᠷᠢᠨ ᠴᠢᠮᠠᠲᠤ (ᠴᠢᠮ᠎ᠠ ᠳ᠋ᠤ᠌) ᠡᠮᠡᠭᠡᠯ ᠪᠠᠢᠳᠠᠭ ᠦᠭᠡᠢ ᠭᠡᠵᠦ ᠬᠣᠶᠠᠷ ᠲᠡᠮᠡᠭᠡᠨ ᠦ᠌ ᠣᠷᠣᠨ ᠳ᠋ᠤ᠌ ᠨᠢᠭᠡ ᠬᠠᠭᠤᠴᠢᠨ ᠡᠮᠡᠭᠡᠯ ᠥᠭᠭᠦᠶ᠎ᠡ᠃ ᠠᠶᠠᠨ ᠲᠡᠢᠨ ᠳ᠋ᠦ᠍ ᠣᠯᠵᠠ ᠣᠮᠣᠭ ᠲᠠᠢ ᠶᠠᠪᠤᠪᠠᠯ ᠨᠠᠳᠠᠳᠤ (ᠨᠠᠳᠠ ᠳ᠋ᠤ᠌) ᠰᠢᠨ᠎ᠡ ᠡᠮᠡᠭᠡᠯ ᠣᠷᠣᠨ ᠳ᠋ᠤᠨᠢ(ᠳ᠋ᠤ᠌ ᠨᠢ) ᠥᠭᠭᠦᠭᠡᠷᠡᠢ᠃ ᠡᠰᠡ ᠥᠭᠭᠦᠭᠰᠡᠨ ᠴᠦ᠍ ᠪᠢ ᠭᠣᠮᠣᠳᠠᠬᠤ ᠦᠭᠡᠢ᠃ ᠲᠦᠢᠩᠭᠡᠷ ᠥᠷᠲᠡᠭᠡᠨ ᠳᠡᠭᠡᠷ᠎ᠡ ᠪᠠᠢᠭ᠎ᠠ ᠶᠤᠮ ᠪᠠᠢᠨ᠎ᠠ᠃ ᠴᠢᠮᠠᠲᠤ(ᠴᠢᠮ᠎ᠠ ᠳ᠋ᠤ᠌) ᠬᠣᠶᠠᠷ ᠮᠣᠷᠢ ᠥᠭᠭᠦᠨ᠎ᠡ ᠪᠠᠢᠬᠤ ᠭᠡᠳ ᠴᠡᠷᠡᠨ ᠴᠢ ᠰᠢᠷᠴᠢᠨ ᠢ᠋ ᠥᠷᠲᠡᠭᠡ ᠬᠦᠷᠲᠡᠯ᠎ᠡ ᠦᠳᠡᠵᠦ ᠥᠭᠭᠦᠭᠡᠳ ᠲᠡᠮᠡᠭᠡ ᠪᠡᠨ ᠠᠪᠴᠢᠷᠠᠭᠠᠷᠠᠢ᠃
ᠳᠦᠢᠩᠬᠡᠷ ᠲᠡᠢ ᠠᠭᠤᠯᠵᠠᠵᠤ᠂ ᠨᠠᠮᠠᠶ᠋ᠢ(ᠨᠠᠮ᠎ᠠ ᠶ᠋ᠢ)ᠰᠢᠷᠴᠢᠨ ᠳ᠋ᠦ᠍ ᠬᠣᠶᠠᠷ ᠮᠣᠷᠢ ᠥᠭᠬᠦ ᠭᠡᠰᠡᠨ ᠭᠡᠵᠦ ᠬᠡᠯᠡᠭᠡᠷᠡᠢ᠃ ᠡᠮᠡᠭᠡᠨ᠂ ᠴᠢ ᠰᠢᠷᠴᠢᠨ ᠳ᠋ᠦ᠍ ᠵᠠᠮ ᠤ᠋ᠨ ᠬᠦᠨᠡᠰᠦ ᠢᠳᠡᠭᠡ ᠪᠡᠯᠡᠳᠬᠡᠵᠦ ᠥᠭ᠃ ᠪᠠᠰᠠ ᠶᠠᠪᠤᠬᠤ ᠳ᠋ᠤᠨᠢ(ᠳ᠋ᠤ᠌ ᠨᠢ) ᠢᠳᠡᠭᠡ ᠬᠣᠭᠣᠯᠠ ᠢᠳᠡᠭᠦᠯᠵᠦ ᠶᠠᠪᠤᠭᠤᠯ ᠭᠡᠪᠡ᠃
ᠰᠢᠷᠴᠢᠨ ᠢ᠋ ᠮᠣᠷᠳᠠᠬᠤ ᠳ᠋ᠤ᠌ ᠵᠠᠩᠭᠢ ᠪᠤᠭᠤᠷᠤᠯ ᠰᠠᠬᠠᠯ ᠳᠣᠣᠷ᠎ᠠ ᠪᠠᠨ ᠢᠨᠢᠶᠡᠮᠰᠦᠭᠯᠡᠨ᠂
— ᠵᠠ᠂ ᠴᠢᠨᠦ ᠠᠬ᠎ᠠ ᠳ᠋ᠤ᠌ ᠴᠢᠨᠢ ᠪᠢ ᠶᠠᠭᠤ ᠭᠡᠵᠦ ᠬᠡᠯᠡᠳᠡᠭ ᠪᠢᠯᠡ? ᠴᠢᠮᠠᠶ᠋ᠢ (ᠴᠢᠮ᠎ᠠ ᠶ᠋ᠢ) ᠴᠡᠷᠢᠭ ᠡᠴᠡ ᠴᠢᠯᠥᠭᠡ ᠭᠤᠶᠤᠬᠤ ᠪᠠᠢᠲᠤᠭᠠᠢ ᠬᠥᠮᠦᠨ ᠦ᠌ ᠦᠭᠡ ᠲᠤᠭᠤᠯᠬᠤ ᠦᠭᠡᠢ ᠮᠣᠷᠳᠠᠨ᠎ᠠ ᠭᠡᠵᠦ ᠵᠢᠳᠬᠦᠵᠦ ᠪᠠᠢᠭᠠᠳ ᠴᠡᠷᠢᠭ ᠲᠦ᠍ ᠮᠣᠷᠳᠠᠭᠰᠠᠨ ᠭᠡᠬᠦ ᠤᠤ᠂ ᠶᠠᠭᠠᠬᠢᠬᠤ ᠪᠣᠢ? ᠦᠭᠡᠢ ᠪᠣᠯ ᠪᠢ ᠴᠢᠮᠠᠶ᠋ᠢ (ᠴᠢᠮ᠎ᠠ ᠶ᠋ᠢ) ᠠᠯᠪᠠ ᠪᠠᠷ ᠴᠡᠷᠢᠭ ᠲᠦ᠍ ᠮᠣᠷᠳᠠᠭᠤᠯᠤᠭᠰᠠᠨ ᠭᠡᠵᠦ ᠪᠡᠶ᠎ᠡ ᠳ᠋ᠡᠭᠡᠨ(ᠳ᠋ᠦ᠍ ᠪᠡᠨ) ᠬᠦᠯᠢᠶᠡᠬᠦ ᠤᠤ? ᠢᠳᠡᠭᠰᠡᠨ ᠴᠦ᠍ ᠴᠢᠨᠣ᠎ᠠ᠂ ᠡᠰᠡ ᠢᠳᠡᠭᠰᠡᠨ ᠴᠦ᠍ ᠴᠢᠨᠣ᠎ᠠ ᠭᠡᠵᠦ ᠨᠠᠮᠠᠶ᠋ᠢ (ᠨᠠᠮ᠎ᠠ ᠶ᠋ᠢ)ᠯᠡ ᠴᠡᠷᠢᠭ ᠲᠦ᠍ ᠴᠢᠮᠠᠶ᠋ᠢ (ᠴᠢᠮ᠎ᠠ ᠶ᠋ᠢ)ᠰᠢᠬᠠᠵᠤ ᠪᠠᠢᠭᠠᠳ ᠮᠣᠷᠳᠠᠭᠤᠯᠤᠭᠰᠠᠨ ᠭᠡᠵᠦ ᠪᠣᠳᠣᠨ᠎ᠠ ᠪᠢᠵᠡ ᠭᠡᠬᠦ ᠳ᠋ᠦ᠍ᠨᠢ (ᠳ᠋ᠦ᠍ ᠨᠢ)ᠡᠮᠡᠭᠡᠨ ᠬᠥᠨᠳᠡᠯᠡᠨ ᠡᠴᠡ ᠡᠯᠭᠦᠵᠦ ᠠᠪᠤᠭᠠᠳ᠂
— ᠵᠠ᠂ ᠴᠢ ᠬᠦᠦ ᠶ᠋ᠢᠨ ᠰᠠᠨᠠᠭ᠎ᠠ ᠶ᠋ᠢ ᠪᠢᠲᠡᠭᠡᠢ ᠵᠤᠪᠠᠭ᠎ᠠ᠃ ᠠᠬ᠎ᠠ ᠳ᠋ᠤᠨᠢ(ᠳ᠋ᠤ᠌ ᠨᠢ) ᠪᠢ ᠵᠠᠩᠨᠠᠵᠤ ᠪᠠᠢᠭᠠᠳ ᠴᠡᠷᠢᠭ ᠲᠦ᠍ ᠮᠣᠷᠳᠠᠭᠤᠯᠤᠭᠰᠠᠨ ᠭᠡᠵᠦ ᠬᠡᠯᠡᠭᠡᠷᠡᠢ᠃ ᠵᠠ᠂ ᠰᠢᠷᠴᠢᠨ ᠮᠢᠨᠢ ᠰᠠᠢᠨ ᠶᠠᠪᠤᠭᠠᠷᠠᠢ᠂ ᠪᠤᠷᠬᠠᠨ ᠰᠠᠬᠢᠭᠤᠯᠰᠤ ᠴᠢᠮᠠᠶ᠋ᠢ (ᠴᠢᠮ᠎ᠠ ᠶ᠋ᠢ) ᠢᠪᠡᠭᠡᠨ ᠬᠠᠷᠠᠭ ᠭᠡᠵᠦ ᠢᠷᠦᠭᠡᠪᠡ᠃
ᠬᠣᠶᠠᠷ ᠲᠣᠮᠣ ᠭᠡᠭᠴᠢ ᠶ᠋ᠢᠨ ᠠᠲᠠᠨ ᠲᠡᠮᠡᠭᠡ᠂ ᠰᠢᠷᠴᠢᠨ᠂ ᠴᠡᠷᠡᠨ ᠬᠣᠶᠠᠷ ᠤ᠋ᠨ ᠰᠥᠭᠦᠳᠦᠭᠦᠯᠬᠦ ᠳ᠋ᠦ᠍ ᠳᠤᠷ᠎ᠠ ᠦᠭᠡᠢ ᠪᠣᠢᠯᠠᠨ ᠰᠥᠭᠥᠳᠴᠦ᠂ ᠬᠣᠶᠠᠷ ᠵᠠᠯᠠᠭᠤ ᠲᠡᠷᠡ ᠬᠣᠶᠠᠷ ᠲᠣᠮᠣ ᠠᠳᠠ ᠶ᠋ᠢ ᠤᠨᠤᠵᠤ ᠥᠷᠲᠡᠭᠡᠨ ᠦ᠌ ᠵᠦᠭ ᠠᠯᠬᠤᠯᠠᠪᠠ᠃ ᠬᠣᠶᠠᠷ ᠲᠡᠮᠡᠭᠡ᠂ ᠬᠠᠶᠠ ᠰᠢᠳᠦ ᠪᠡᠨ ᠬᠢᠬᠤᠨᠠᠵᠤ ᠵᠡᠷᠭᠡᠴᠡᠨ ᠶᠠᠪᠤᠪᠠ᠃ ᠵᠠᠬ᠎ᠠ ᠬᠢᠵᠠᠭᠠᠷ ᠦᠭᠡᠢ ᠠᠭᠤᠵᠢᠮ ᠴᠠᠰᠤᠷᠬᠠᠭ ᠲᠠᠯ᠎ᠠ᠂ ᠵᠦᠭ ᠪᠦᠷᠢ ᠶᠠᠪᠤᠭᠰᠠᠨ ᠮᠠᠯ ᠤ᠋ᠨ ᠮᠥᠷ ᠴᠣᠭᠣᠬᠣᠷᠯᠠᠨ (ᠴᠣᠬᠣᠷᠯᠠᠨ)᠂ ᠥᠷᠯᠥᠭᠡ ᠶ᠋ᠢᠨ ᠨᠠᠷᠠᠨ ᠳ᠋ᠤ᠌ ᠴᠠᠰᠤᠨ ᠳᠣᠣᠷ᠎ᠠ ᠠ᠋ᠴᠠ ᠴᠤᠬᠤᠢᠭᠰᠠᠨ ᠴᠠᠭᠠᠯᠵᠢ ᠬᠠᠭᠳᠠ ᠶ᠋ᠢᠨ ᠦᠵᠦᠭᠦᠷ ᠲᠦ᠍ ᠴᠠᠰᠤ ᠰᠢᠷᠠᠯᠠᠨ ᠬᠠᠯᠢᠭᠤᠷᠠᠵᠤ᠂ ᠡᠨᠳᠡ ᠲᠡᠨᠳᠡ ᠪᠡᠯᠴᠢᠨ ᠶᠠᠪᠤᠭ᠎ᠠ ᠵᠣᠭᠳᠣᠷ ᠶᠡᠬᠡᠲᠡᠢ ᠬᠠᠷᠠᠪᠲᠤᠷ ᠰᠢᠷ᠎ᠠ ᠲᠡᠮᠡᠭᠡ᠂ ᠣᠭᠣᠲᠣᠨ᠎ᠠ ᠬᠤᠯᠤᠭᠠᠨ᠎ᠠ ᠶ᠋ᠢᠨ ᠨᠦᠬᠡ ᠰᠠᠬᠢᠵᠤ᠂ ᠬᠠᠶᠠ ᠴᠠᠰᠢ ᠨᠡᠰᠢ (ᠴᠠᠭᠠᠰᠢ ᠨᠠᠭᠠᠰᠢ )ᠨᠢᠰᠴᠦ ᠶᠠᠪᠤᠭ᠎ᠠ ᠰᠠᠷ᠎ᠠ(ᠰᠡᠷ) ᠰᠢᠪᠠᠭᠤ ᠯᠠ ᠡᠪᠦᠯ ᠦ᠋ᠨ ᠨᠣᠢᠷ ᠲᠤ᠌ ᠳᠠᠷᠤᠭᠳᠠᠭᠰᠠᠨ᠂ ᠬᠥᠳᠡᠯᠬᠦ ᠠᠮᠢᠲᠠᠨ ᠬᠣᠪᠣᠷᠳᠠᠭᠰᠠᠨ ᠥᠷᠭᠡᠨ ᠲᠠᠯ᠎ᠠ ᠶ᠋ᠢ ᠠᠮᠢ ᠣᠷᠣᠭᠤᠯᠤᠨ ᠦᠵᠡᠭᠳᠡᠵᠦ ᠪᠠᠢᠪᠠ᠃
ᠰᠢᠷᠴᠢᠨ᠂ ᠴᠡᠷᠡᠨ ᠲᠡᠢ ᠵᠡᠷᠭᠡᠴᠡᠨ ᠶᠠᠪᠤᠵᠤ᠂ ᠳᠡᠪᠡᠯ ᠦ᠋ᠨ ᠬᠠᠨᠴᠤᠢ ᠳᠣᠲᠣᠷ᠎ᠠ ᠲᠡᠷᠡ ᠬᠡᠦᠬᠡᠨ ᠦ᠌ ᠳᠤᠯᠠᠭᠠᠨ ᠭᠠᠷ ᠢ᠋ ᠪᠠᠷᠢᠵᠤ᠂ ᠰᠡᠳᠬᠢᠯ ᠳ᠋ᠦ᠍ ᠲᠠᠭᠠᠲᠠᠢ᠂ ᠨᠢᠳᠦᠨ ᠳ᠋ᠦ᠍ ᠳᠤᠯᠠᠭᠠᠨ᠂ ᠬᠦᠷᠡᠩ ᠤᠯᠠᠭᠠᠨ ᠪᠠᠭᠠᠬᠠᠨ ᠭᠠᠩᠳᠠᠭᠰᠠᠨ ᠴᠢᠷᠠᠢ ᠶ᠋ᠢ ᠨᠢ ᠬᠠᠶᠠ ᠬᠠᠷᠠᠵᠤ ᠶᠠᠪᠤᠭ᠎ᠠ ᠨᠢ ᠰᠡᠳᠬᠢᠯ ᠵᠢᠷᠦᠬᠡᠨ ᠦ᠌ ᠢᠨᠠᠭ ᠬᠥᠮᠦᠨ ᠲᠡᠢ ᠮᠥᠷᠥ ᠵᠡᠷᠭᠡᠴᠡᠨ᠂ ᠬᠢᠵᠠᠭᠠᠷ ᠦᠭᠡᠢ ᠠᠭᠤᠵᠢᠮ ᠴᠠᠭᠠᠨ ᠲᠠᠯ᠎ᠠ ᠶᠠᠭᠤ ᠪᠣᠯᠬᠤ ᠨᠢ ᠮᠡᠳᠡᠭᠳᠡᠬᠦ ᠦᠭᠡᠢ ᠪᠣᠯᠪᠠᠴᠤ ᠭᠣᠷᠢᠳᠠᠯ ᠲᠡᠭᠦᠰ ᠢᠷᠡᠭᠡᠳᠦᠢ ᠬᠣᠢᠴᠢ ᠶ᠋ᠢᠨ ᠵᠦᠭ ᠬᠠᠮᠲᠤ ᠶᠠᠪᠤᠵᠤ ᠶᠠᠪᠤᠬᠤ ᠳ᠋ᠤ᠌ ᠶᠠᠭᠤᠲᠠᠢ ᠲᠠᠭᠠᠲᠠᠢ ᠪᠠᠬᠠᠲᠠᠢ ᠠᠵᠢ᠃
— — — —
* ᠬᠦᠨᠳᠦ ᠴᠡᠷᠢᠭ ᠭᠡᠵᠦ ᠮᠠᠨᠵᠤ ᠶ᠋ᠢ ᠠᠩᠬ᠎ᠠ ᠳᠠᠭᠠᠭᠰᠠᠨ ᠬᠢᠲᠠᠳ ᠢ᠋ᠶ᠋ᠠᠷ ᠪᠠᠢᠭᠤᠯᠤᠭᠰᠠᠨ ᠴᠡᠷᠢᠭ ᠢ᠋ ᠬᠡᠯᠡᠳᠡᠭ ᠪᠠᠢᠵᠠᠢ᠃
ᠦᠰᠦᠭ ᠠᠮᠢᠯᠠᠭᠤᠯᠤᠭᠴᠢ᠄ ᠰᠠᠷᠠᠨᠲᠤᠶᠠᠭ᠎ᠠ᠂ ᠤᠢᠭᠤᠷᠵᠢᠨ·ᠣᠳᠬᠣᠨᠪᠠᠪᠠ᠂ ᠮᠧᠢ ᠬᠤᠸᠠ᠂ ᠪᠠᠳᠮᠠᠰᠡᠴᠡᠨ᠂ ᠣᠶᠤᠨᠪᠢᠯᠢᠭ᠌
ᠬᠢᠨᠠᠭᠴᠢ᠄ ᠪᠠᠳᠮᠠᠰᠡᠴᠡᠨ᠂ ᠲ·ᠬᠦᠮᠦᠵᠢᠯᠲᠦ᠂ ᠣᠳᠬᠤᠨᠴᠡᠴᠡᠭ᠂ ᠣᠶᠤᠨᠪᠠᠲᠤ᠂ ᠪᠠᠯ
ᠤᠩᠰᠢᠭᠴᠢ᠄ ᠨᠠᠰᠤᠨ᠌ᠦ᠌ᠯᠵᠡᠢ
