ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠨᠢᠭᠡᠳᠦᠭᠡᠷ ᠪᠦᠯᠦᠭ <ᠠᠷᠪᠠᠨ ᠬᠣᠶᠠᠷ> Хан мунын сүүрс < доорд > – Мөнх зохиоов ᠂ Гутгаар бодь – Нэгдүгээр бүлэг <12>
ᠭᠤᠲᠠᠭᠠᠷ ᠪᠣᠲᠢ – ᠨᠢᠭᠡᠳᠦᠭᠡᠷ ᠪᠦᠯᠦᠭ <ᠠᠷᠪᠠᠨ ᠬᠣᠶᠠᠷ>
ᠮᠠᠨᠴᠤᠷᠭ᠎ᠠ ᠬᠣᠳᠳᠤᠭ ᠳᠡᠭᠡᠷ᠎ᠡ ᠣᠴᠢᠵᠤ ᠳᠤᠨᠳᠠᠭᠤᠷ ᠬᠣᠪᠣᠭᠣ ᠬᠦᠢᠲᠡᠨ ᠤᠰᠤ ᠭᠦᠳ ᠭᠦᠳ ᠵᠠᠯᠭᠢᠯᠠᠨ ᠬᠣᠳᠳᠤᠭ ᠤ᠋ᠨ ᠬᠦᠢᠲᠡᠨ ᠤᠰᠤ ᠪᠡᠷ ᠲᠣᠯᠣᠭᠠᠢ ᠪᠠᠨ ᠱᠠᠪᠰᠢᠵᠤ ᠨᠢᠭᠤᠷ ᠢ᠋ᠶ᠋ᠠᠨ ᠤᠬᠢᠶᠠᠭᠰᠠᠨ ᠳ᠋ᠤ᠌᠂ ᠳᠣᠲᠣᠷ᠎ᠠ ᠨᠢ ᠶᠡᠬᠡ ᠯᠡ ᠰᠠᠷᠠᠭᠤᠯᠵᠢᠨ ᠨᠢᠳᠦ ᠨᠢ ᠣᠩᠭᠣᠢᠬᠤ ᠰᠢᠭ᠋ ᠪᠣᠯᠪᠠ᠃
ᠨᠠᠷᠠ ᠰᠤᠪᠤᠷᠠᠬᠤ ᠶ᠋ᠢᠨ ᠠᠯᠲᠠ ᠪᠠᠷ ᠪᠤᠭᠤᠲᠤ ᠪᠠᠯᠭᠠᠰᠤᠨ ᠤ᠋ ᠠᠷᠤ ᠵᠣ ᠪᠠᠷ ᠠᠷᠪᠠᠭᠠᠳ ᠮᠣᠷᠢᠲᠠᠨ ᠲᠣᠭᠣᠰᠣ ᠲᠠᠲᠠᠭᠤᠯᠤᠨ᠎ᠠ᠃
ᠬᠣᠶᠠᠷ ᠲᠠᠯ᠎ᠠ ᠪᠠᠷ ᠢ᠋ᠶ᠋ᠠᠨ ᠤᠯᠠᠭᠠᠨ ᠴᠢᠯᠠᠭᠤᠲᠤ ᠨᠠᠮᠬᠠᠨ ᠬᠠᠮᠠᠷ ᠲᠠᠢ ᠳᠡᠪᠢᠭᠦᠷ ᠰᠢᠭ ᠨᠥᠮᠦᠷᠢᠯᠢᠭ ᠠᠯᠠᠭᠠᠢ ᠳᠣᠲᠣᠷ᠎ᠠ ᠬᠣᠶᠠᠷ ᠠᠢᠯ ᠵᠡᠷᠭᠡᠴᠡᠨ ᠪᠠᠭᠤᠵᠤ᠂ ᠵᠢᠭᠳᠡ ᠪᠠᠷᠢᠭᠰᠠᠨ ᠰᠢᠪᠡᠭᠡᠨ ᠬᠣᠷᠢᠶᠠᠨ ᠤ᠋ ᠬᠠᠶᠠᠭ᠎ᠠ ᠪᠠᠷ ᠬᠣᠨᠢ ᠢᠮᠠᠭᠠᠳ ᠴᠠᠢᠷᠠᠵᠣ᠂ ᠠᠷᠪᠠᠭᠠᠳ ᠰᠠᠭᠠᠯᠢ ᠶ᠋ᠢᠨ ᠦᠨᠢᠶ᠎ᠡ ᠵᠡᠯ᠎ᠡ ᠴᠢᠮᠡᠵᠦ ᠬᠠᠷᠠᠭᠳᠠᠬᠤ ᠳ᠋ᠤ᠌ ᠮᠠᠨᠴᠤᠷᠭ᠎ᠠ᠄
— ᠨᠠᠨ ᠠᠢᠯ ᠠ᠋ᠴᠠ ᠵᠢᠭᠠᠯ ᠵᠢᠭᠤᠯ ᠠᠢᠷᠠᠭ ᠣᠯᠵᠤ ᠤᠤᠭᠤᠭᠠᠳ ᠭᠠᠷᠤᠶ᠎ᠠ! ᠥᠴᠥᠭᠡᠳᠥᠷ ᠣᠷᠣᠢ ᠳᠠᠩᠴᠤ ᠮᠠᠭᠤ ᠠᠷᠢᠬᠢ ᠤᠤᠭᠤᠵᠢ᠃ ᠡᠯᠢᠭᠡ ᠵᠢᠷᠦᠬᠡ ᠬᠠᠭᠠᠷᠢᠭᠳᠠᠬᠤ ᠰᠢᠭ᠋ ᠪᠡᠶ᠎ᠡ ᠬᠠᠴᠢᠨ ᠡᠪ ᠦᠭᠡᠢ! ᠴᠢᠭᠢᠶᠡᠲᠦᠷᠦᠦ᠂ ᠮᠠᠭᠤ ᠬᠠᠷ᠎ᠠ ᠨᠢᠳᠦᠲᠦ ᠬᠠᠮᠢᠭ᠎ᠠ ᠪᠠᠢᠨ᠎ᠠ⁈ ᠶᠠᠮᠠᠷ ᠠᠷᠢᠬᠢ ᠶᠤᠮ ᠪᠣᠢ? ᠭᠡᠳ ᠬᠠᠵᠠᠭᠤᠳᠠᠬᠢ ᠠ᠋ᠴᠠ ᠪᠠᠨ ᠠᠰᠠᠭᠤᠩᠭᠠᠨ ᠮᠠᠩᠨᠠᠢ ᠶ᠋ᠢᠨ ᠢ᠋ᠶ᠋ᠡᠨ ᠬᠦᠢᠲᠡᠨ ᠬᠥᠯᠥᠰᠥ ᠶ᠋ᠢ ᠵᠦᠯᠭᠦᠨ᠎ᠡ᠃
— ᠬᠠᠷ᠎ᠠ ᠨᠢᠳᠦᠳᠦ ᠥᠴᠥᠭᠡᠳᠦᠷ ᠠᠴᠠ ᠬᠣᠢᠰᠢ ᠪᠠᠷ᠎ᠠ ᠨᠢ ᠬᠠᠷᠠᠭᠳᠠᠭᠰᠠᠨ ᠦᠭᠡᠢ! ᠭᠡᠵᠦ ᠮᠠᠨᠴᠤᠷᠭ᠎ᠠ ᠶᠢ ᠳᠠᠭᠠᠭᠰᠠᠨ ᠭᠣᠢᠳᠣᠪ ᠬᠠᠷᠢᠭᠤᠯᠤᠨ᠎ᠠ᠃
— ᠡᠨᠡ ᠵᠣᠯᠢᠭ ᠬᠠᠮᠢᠭ᠎ᠠ ᠵᠣᠯᠪᠢᠩᠳᠠᠵᠤ ᠪᠠᠢᠭ᠎ᠠ ᠶᠤᠮ ᠪᠣᠯ?
— ᠮᠡᠳᠡᠬᠦ ᠦᠭᠡᠢ ᠶᠤᠮ ᠡ!
— ᠥᠴᠥᠭᠡᠳᠦᠷ ᠣᠷᠣᠢ ᠰᠢᠷ᠎ᠠ ᠴᠡᠷᠢᠭ ᠰᠢᠷ᠎ᠠ ᠴᠡᠷᠢᠭ ᠭᠡᠳ ᠨᠢᠭᠡ ᠶᠠᠭᠤᠮ᠎ᠠ ᠶᠠᠷᠢᠭᠠᠳ ᠯᠠ ᠪᠠᠢᠬᠤ ᠪᠣᠯᠣᠭᠰᠠᠨ ᠁
— ᠰᠢᠷ᠎ᠠ ᠴᠡᠷᠢᠭ ᠦᠨ ᠬᠢᠨ ᠠᠴᠠ ᠪᠠᠭ᠎ᠠ ᠰᠠᠭ᠎ᠠ ᠶᠠᠭᠤᠮ᠎ᠠ ᠠᠮᠲᠠᠯᠠᠵᠤ ᠰᠣᠷᠣᠭᠰᠠᠨ ᠶᠠᠳᠠᠬᠤ ᠦᠭᠡᠢ ᠳ᠋ᠠ!
— ᠦᠨᠡᠭᠡᠷ ᠲᠡᠢᠮᠦ ᠪᠣᠯ ᠭᠠᠨᠵᠤᠭ᠎ᠠ ᠨᠢ ᠭᠠᠳᠠᠭᠰᠢ ᠪᠠᠨ ᠬᠠᠵᠠᠢᠵᠤ᠂ ᠭᠠᠢ ᠨᠢ ᠲᠣᠲᠤᠭᠰᠢ ᠪᠠᠨ ᠮᠠᠢᠵᠠᠢᠨᠠ ᠳ᠋ᠠ! ᠭᠡᠵᠦ ᠮᠠᠨᠴᠤᠷᠭ᠎ᠠ ᠶᠢᠨ ᠪᠤᠷᠤᠭᠤ ᠲᠠᠯ᠎ᠠ ᠠᠴᠠ ᠱᠤᠩᠭᠤᠭᠤᠯᠵᠤ ᠢᠷᠡᠭᠰᠡᠨ ᠰᠣᠳᠨᠠᠮ ᠢᠩᠬᠢᠵᠦ ᠶᠠᠷᠢᠭᠰᠠᠨ ᠳᠤ ᠮᠠᠨᠴᠤᠷᠭ᠎ᠠ᠄
— ᠶᠡᠷᠦ ᠨᠢ ᠡᠨᠳᠡ ᠡᠴᠡ ᠡᠷᠲᠡᠬᠡᠨ ᠰᠢᠭ ᠵᠠᠢᠯᠠᠭᠰᠠᠨ ᠳᠡᠭᠡᠷ᠎ᠡ ᠶᠤᠮ ᠁ ᠭᠡᠵᠦ ᠬᠡᠳᠦᠭᠦᠯᠡ ᠨᠠᠷᠭᠢᠯᠳᠤᠭᠰᠠᠭᠠᠷ ᠠᠢᠯ ᠤᠨ ᠭᠠᠳᠠᠭ᠎ᠠ ᠪᠠᠭᠤᠪᠠ᠃
ᠮᠠᠨᠴᠤᠷᠭ᠎ᠠ ᠮᠣᠷᠢ ᠪᠠᠨ ᠱᠣᠩ ᠳᠡᠭᠡᠷ᠎ᠡ ᠲᠣᠭᠣᠨᠣᠴᠢᠯᠠᠵᠤ ᠤᠨᠠᠴᠢᠬᠠᠭᠠᠳ ᠭᠡᠷ ᠵᠦᠭ ᠬᠡᠩᠭᠦᠯᠵᠠᠨ ᠠᠯᠬᠤᠬᠤ ᠳ᠋ᠤ᠌᠂ ᠪᠢᠷᠠᠭᠤ ᠰᠢᠭ᠋ ᠪᠦᠳᠦᠭᠦᠨ ᠬᠣᠶᠠᠷ ᠬᠠᠯᠲᠠᠷ ᠨᠣᠬᠠᠢ ᠲᠤᠯᠵᠤ ᠢᠷᠡᠨ ᠬᠣᠷᠭᠣᠭᠣᠨ᠎ᠠ᠃
— ᠨᠣᠬᠠᠢ ᠪᠠᠨ! ᠭᠡᠵᠦ ᠪᠠᠷᠭᠢᠯ ᠳᠠᠭᠤᠨ ᠢ᠋ᠶ᠋ᠠᠷ ᠳᠤᠤᠭᠠᠷᠤᠭᠰᠠᠨ ᠳ᠋ᠤ᠌ ᠵᠠᠯᠠᠨ ᠳᠡᠭᠡᠷ᠎ᠡ ᠦᠨᠢᠶ᠎ᠡ ᠰᠠᠭᠠᠵᠤ ᠪᠠᠢᠭᠰᠠᠨ ᠪᠦᠰᠡᠭᠦᠢ ᠰᠠᠨᠳᠤᠷᠤᠨ ᠪᠣᠰᠤᠭᠠᠳ᠄
— ᠵᠣᠪ! ᠭᠡᠵᠦ ᠵᠠᠩᠳᠤᠷᠤᠭᠰᠠᠨ ᠳ᠋ᠤ᠌ ᠬᠣᠶᠠᠷ ᠬᠠᠯᠲᠠᠷ ᠨᠣᠬᠠᠢ ᠶ᠋ᠢᠨ ᠠᠷᠬᠢᠷᠠᠬᠤ ᠨᠢ ᠠᠶᠠᠳᠴᠤ ᠰᠡᠭᠦᠯ ᠢ᠋ᠶ᠋ᠡᠨ ᠰᠢᠷᠪᠢᠨ ᠴᠠᠭᠠᠰᠢᠯᠠᠭᠰᠠᠨ ᠴᠤ᠌ ᠲᠣᠭᠰᠢᠨ ᠨᠢᠳᠦ ᠨᠢ ᠦᠯᠦ ᠲᠠᠨᠢᠬᠤ ᠡᠨᠡ ᠬᠥᠮᠦᠰ ᠢ᠋ ᠵᠦᠭᠡᠷ ᠲᠠᠯᠪᠢᠬᠤ ᠦᠭᠡᠢ ᠭᠡᠰᠡᠨ ᠰᠢᠭ ᠰᠢᠷᠦᠭᠦᠨ ᠡᠷᠭᠢᠯᠳᠦᠨ᠎ᠡ᠃
ᠭᠣᠢᠳᠤᠪ ᠤ᠋ᠨ ᠤᠨᠤᠭᠰᠠᠨ ᠮᠣᠷᠢ ᠨᠢ ᠱᠣᠩ ᠪᠤᠯᠭᠤᠯᠳᠠᠭ ᠮᠠᠭᠤ ᠵᠠᠩ ᠲᠠᠢ ᠪᠣᠯᠬᠣᠷ ᠤᠶᠠᠭᠠᠨ ᠤ᠋ ᠮᠣᠷᠢᠳ ᠠ᠋ᠴᠠ ᠵᠠᠢᠰᠬᠠᠨ ᠴᠢᠳᠥᠷᠯᠡᠵᠦ᠂ ᠰᠣᠳᠨᠠᠮ ᠨᠣᠮᠣᠬᠠᠨ ᠪᠣᠷᠣ ᠪᠠᠨ ᠣᠯᠣᠩ ᠢ᠋ ᠨᠢ ᠰᠤᠯᠠᠯᠠᠨ᠂ ᠴᠣᠮᠣᠵᠤ ᠲᠠᠯᠪᠢᠪᠠ᠃
— ᠵᠠ᠂ ᠰᠠᠢᠨ ᠪᠠᠢᠨ᠎ᠠ ᠤᠤ?
— ᠰᠠᠢᠨ᠂ ᠲᠠ ᠨᠠᠷ ᠰᠠᠢᠨ ᠶᠠᠪᠤᠵᠤ ᠢᠷᠡᠪᠡ ᠤᠤ? ᠭᠡᠵᠦ ᠠᠢᠯ ᠤ᠋ᠨ ᠪᠣᠷᠣ ᠪᠦᠰᠡᠭᠦᠢ ᠡᠨᠡ ᠬᠦ᠌ ᠪᠠᠷᠵᠠᠭᠠᠷ ᠰᠢᠷᠦᠭᠦᠨ ᠡᠷᠡᠰ ᠡᠴᠡ ᠰᠦᠷᠳᠡᠵᠦ᠂ ᠡᠪᠦᠳᠦᠭ ᠰᠥᠬᠥᠷᠡᠨ ᠬᠠᠷᠢᠭᠤ ᠮᠡᠨᠳᠦᠯᠡᠬᠦ ᠳ᠋ᠡᠭᠡᠨ ᠳᠣᠲᠣᠷ᠎ᠠ ᠨᠢ ᠲᠦᠭ ᠲᠠᠭ ᠪᠣᠯᠵᠤ《ᠵᠠ᠂ ᠪᠠᠢᠵᠠ? ᠡᠨᠡ ᠪᠠᠰᠠ ᠶᠠᠭᠤᠨ ᠤ᠋ ᠤᠯᠤᠰ ᠪᠣᠯᠴᠢᠬᠠᠪᠠ? ᠲᠡᠭᠡᠭᠡᠳ ᠬᠠᠷ᠎ᠠ ᠁ ᠬᠠᠷ᠎ᠠ ᠥᠷᠯᠥᠭᠡᠭᠦᠷ ᠁ ᠥᠨᠥᠬᠢ ᠳᠡᠭᠡᠷᠡᠮ ᠲᠤᠨᠤᠭᠠᠨ ᠤ᠋ ᠮᠠᠭᠤ ᠰᠠᠢᠨ ᠡᠷᠡᠰ ᠦ᠋ᠳ ᠪᠢᠰᠢ ᠯᠡ ᠪᠢᠵᠡ⁈ ᠠᠷᠠᠢ ᠪᠢᠰᠢ᠃ ᠪᠦᠷ ᠯᠡ ᠮᠣᠩᠭᠣᠯ ᠲᠠᠨᠢᠯ ᠴᠢᠷᠠᠢ ᠬᠠᠷᠠᠭᠳᠠᠭᠠᠳ ᠪᠠᠢᠨ᠎ᠠ! ᠶᠠᠭᠤ ᠴᠤ᠌ ᠭᠡᠰᠡᠨ ᠳᠡᠭᠡᠷᠡᠮ ᠲᠤᠨᠤᠭᠠᠨ ᠤ᠋ ᠨᠣᠪᠰᠢ ᠨᠤᠭᠤᠳ ᠪᠢᠰᠢ ᠯᠡ ᠪᠠᠢᠭᠠᠰᠠᠢ! ᠪᠤᠷᠬᠠᠨ ᠲᠡᠭᠷᠢ ᠮᠢᠨᠢ᠂ ᠣᠮ ᠠ ᠬᠣᠩ! ᠭᠣᠩᠴᠣᠭᠰᠤᠮ ᠁》ᠭᠡᠵᠦ ᠳᠣᠲᠣᠷ᠎ᠠ ᠪᠠᠨ ᠨᠠᠮᠠᠨᠴᠢᠯᠠᠨ ᠳᠠᠭᠠᠳᠬᠠᠨ᠎ᠠ᠃
ᠮᠠᠨᠴᠤᠷᠭ᠎ᠠ᠂ ᠡᠨᠡ ᠬᠦ᠌ ᠬᠣᠶᠠᠷ ᠲᠠᠯ᠎ᠠ ᠪᠠᠷ ᠢ᠋ᠶ᠋ᠠᠨ ᠤᠯᠠᠭᠠᠨ ᠴᠢᠯᠠᠭᠤ ᠲᠠᠢ ᠨᠠᠮᠬᠠᠨ ᠬᠠᠮᠠᠷ ᠤ᠋ᠨ ᠨᠥᠮᠥᠷᠢ ᠠᠯᠠᠭᠠᠢ ᠳ᠋ᠤ᠌ ᠡᠪᠯᠢᠭ ᠪᠠᠭᠤᠭᠰᠠᠨ ᠠᠢᠯ ᠤ᠋ᠨ ᠬᠠᠶᠠᠭ᠎ᠠ ᠶ᠋ᠢ ᠠᠵᠢᠭ ᠲᠠᠯᠪᠢᠨ ᠠᠯᠬᠤᠬᠤ ᠳ᠋ᠤ᠌᠂ ᠬᠠᠲᠠᠪᠴᠢᠨ ᠤ᠋ ᠵᠡᠭᠦᠨ ᠲᠤᠰᠢᠶ᠎ᠠ ᠠᠢᠷᠠᠭ ᠪᠦᠯᠢᠵᠦ ᠵᠣᠭᠰᠣᠭᠰᠠᠨ ᠠᠷᠪᠠᠨ ᠲᠠᠪᠤ ᠵᠢᠷᠭᠤᠭᠠᠲᠠᠢ ᠥᠬᠢᠨ ᠪᠢᠰᠢᠭᠦᠷᠬᠡᠨ ᠰᠠᠨᠳᠤᠷᠴᠤ᠄
— ᠠᠮᠤᠷ? ᠰᠠᠢᠨ ᠪᠠᠢᠨ᠎ᠠ ᠦᠤ? ᠭᠡᠳ ᠴᠢᠷᠠᠢ ᠨᠢ ᠤᠯᠠᠪᠠᠯᠵᠠᠬᠤ ᠳ᠋ᠤ᠌᠂ ᠮᠠᠨᠴᠤᠷᠭ᠎ᠠ ᠶ᠋ᠢᠨ ᠳᠣᠲᠣᠷ᠎ᠠ ᠠᠭᠱᠠᠨ᠎ᠠ ᠤᠶᠠᠷᠠᠵᠤ《ᠬᠡᠴᠢᠨᠡᠭᠡᠨ ᠤᠳᠠᠭᠠᠨ ᠭᠡᠷ ᠦ᠋ᠨ ᠪᠠᠷ᠎ᠠ ᠬᠠᠷᠠᠭᠰᠠᠨ ᠦᠭᠡᠢ᠃ ᠮᠢᠨᠦ ᠮᠠᠭᠤ ᠥᠬᠢᠨ ᠲᠡᠷᠡ ᠴᠢᠭ ᠢ᠋ᠶ᠋ᠡᠷ ᠢ᠋ᠶ᠋ᠡᠨ ᠮᠥᠨ ᠶᠦᠮ ᠰᠢᠭ ᠬᠥᠭᠡᠷᠦᠬᠦᠨ ᠬᠠᠷᠠᠭᠳᠠᠨ᠎ᠠ ! 》 ᠭᠡᠵᠦ ᠠᠢᠷᠠᠭ ᠪᠦᠯᠢᠭᠰᠡᠨ ᠦᠭᠢᠨ ᠦ᠌ ᠰᠠᠩᠨᠠᠢ ᠶ᠋ᠢ ᠥᠬᠥᠭᠡᠷᠳᠡᠨ ᠦᠨᠦᠰᠴᠦ᠂
— ᠤ᠂ ᠬᠥᠭᠡᠷᠦᠬᠦᠢ ᠳᠡ! ᠥᠬᠢᠨ ᠮᠢᠨᠢ᠂ ᠪᠦᠯᠢᠯᠭᠡ ᠶ᠋ᠢᠨ ᠠᠢᠷᠠᠭ ᠴᠢᠨᠢ ᠱᠤᠤᠭᠢᠨ ᠱᠤᠤᠭᠢᠨ ᠢᠰᠴᠦ᠂ ᠪᠦᠷᠢᠭᠰᠡᠨ ᠥᠷᠥᠮ᠎ᠡ ᠨᠢ ᠬᠥᠭᠡᠰᠦᠷᠡᠨ ᠬᠥᠭᠡᠰᠦᠷᠡᠨ ᠪᠠᠭᠤᠭᠠᠴᠢ! ᠭᠡᠵᠦ ᠢᠷᠦᠭᠡᠭᠡᠳ ᠭᠡᠷ ᠲᠤ ᠣᠷᠣᠪᠠ᠃
ᠡᠨᠡ ᠠᠢᠯ ᠵᠤᠳᠪᠠ ᠮᠡᠢᠷᠡᠨ ᠦ᠌ ᠬᠣᠨᠢᠨ ᠤ᠋ ᠣᠲᠣᠷ ᠤ᠋ᠨ ᠪᠠᠭᠤᠴᠠ ᠪᠠᠢᠵᠠᠢ᠃ ᠡᠨᠡ ᠠᠢᠯ ᠤ᠋ᠨ ᠪᠦᠰᠡᠭᠦᠢ ᠶ᠋ᠢ ᠨᠤᠭᠤᠭᠠᠨᠳᠠᠷᠬᠢ ᠭᠡᠳᠡᠭ᠃
ᠵᠤᠳᠪᠠ ᠮᠡᠢᠷᠡᠨ ᠦ᠌ ᠳ᠋ᠦ᠍ ᠳᠣᠭᠣᠯᠠᠩ ᠳᠣᠷᠵᠢ ᠭᠡᠳᠡᠭ ᠮᠥᠩᠭᠥᠨ ᠦ᠌ ᠳᠠᠷᠬᠠᠨ ᠡᠪᠦᠭᠡᠨ᠂ ᠭᠠᠭᠴᠠ ᠰᠠᠢᠬᠠᠨ ᠥᠬᠢᠨ ᠨᠤᠭᠤᠭᠠᠨᠳᠠᠷᠬᠢ ᠲᠠᠢ ᠪᠠᠨ ᠶᠡᠬᠡ ᠭᠡᠷ ᠦ᠋ᠨ ᠴᠢᠷᠠᠢ ᠬᠠᠷᠠᠵᠤ᠂ ᠳᠣᠭᠣᠯᠠᠩ ᠳᠣᠷᠵᠢ ᠭᠤᠸᠠᠢ ᠠᠯᠲᠠ ᠮᠥᠩᠭᠥ᠂ ᠭᠠᠤᠯᠢ ᠵᠡᠰ ᠦ᠋ᠨ ᠤᠷ᠎ᠠ ᠳᠠᠷᠬ᠎ᠠ ᠪᠠᠷ ᠢ᠋ᠶ᠋ᠠᠨ᠂ ᠥᠬᠢᠨ ᠦ᠌ ᠬᠣᠨᠢᠨ ᠳ᠋ᠤ᠌ ᠶᠠᠪᠤᠵᠤ ᠡᠴᠢᠭᠡ ᠥᠬᠢᠨ ᠬᠣᠶᠠᠭᠤᠯᠠ ᠡᠢᠨ ᠬᠥ᠋ ᠠᠮᠢ ᠵᠢᠭᠤᠳᠠᠭ ᠪᠠᠢᠵᠠᠢ᠃
ᠡᠳᠦᠷ ᠦ᠋ᠨ ᠤᠳᠠᠭᠠᠨ ᠳ᠋ᠤ᠌ ᠵᠤᠳᠪᠠ ᠮᠡᠢᠷᠡᠨ ᠡᠷᠬᠡ ᠰᠦᠷ᠂ ᠡᠳ᠋ ᠮᠥᠩᠭᠥᠨ ᠦ᠌ ᠰᠣᠷᠲᠣᠭᠣ ᠪᠠᠷ ᠨᠤᠭᠤᠭᠠᠨᠳᠠᠷᠬᠢ ᠥᠬᠢᠨ ᠳ᠋ᠦ᠍ ᠳᠤᠷ᠎ᠠ ᠰᠢᠨᠤᠵᠤ ᠬᠥᠮᠦᠨ ᠦ᠌ ᠥᠬᠢᠨ ᠢ᠋ ᠥᠬᠢᠨ ᠲᠡᠢ ᠪᠣᠯᠭᠠᠪᠠ᠃ ᠲᠡᠭᠡᠭᠰᠡᠨ ᠡᠴᠡ ᠪᠣᠯᠵᠤ ᠵᠤᠳᠪᠠ ᠮᠡᠢᠷᠡᠨ ᠨᠤᠭᠤᠭᠠᠨᠳᠠᠷᠬᠢ ᠶ᠋ᠢ ᠬᠠᠷ᠎ᠠ ᠬᠥᠮᠦᠨ ᠲᠦᠰᠢᠭᠦᠯᠵᠦ ᠬᠠᠷᠢᠯᠠᠭᠤᠯᠬᠤ ᠪᠠᠢᠲᠤᠭᠠᠢ᠂ ᠬᠠᠶᠠᠭᠠᠨ ᠠ᠋ᠴᠠ ᠪᠠᠨ ᠳᠡᠮᠡᠢ ᠬᠣᠯᠠ ᠬᠤᠯᠠᠳᠤᠭᠤᠯᠳᠠᠭ ᠦᠭᠡᠢ ᠬᠠᠮᠪᠠᠭᠠᠷᠬᠠᠵᠤ ᠡᠵᠡᠮᠳᠡᠳᠡᠭ ᠴᠤ᠌᠂ ᠨᠢᠭᠡ ᠶᠡᠬᠡ ᠨᠡᠷᠡᠯᠬᠡᠵᠦ ᠲᠠᠲᠠᠪᠤᠷᠢ ᠪᠠᠨ ᠪᠣᠯᠭᠠᠬᠤ ᠵᠣᠷᠢᠭ ᠪᠠᠢᠳᠠᠭ ᠦᠭᠡᠢ ᠳ᠋ᠡᠭᠡᠨ ᠵᠤᠳᠪᠠ ᠮᠡᠢᠷᠡᠨ ᠵᠣᠪᠠᠯᠠᠩ ᠲᠠᠢ᠃ ᠠᠷᠭ᠎ᠠ ᠪᠤᠶᠤ ᠬᠣᠨᠢᠨ ᠤ᠋ ᠣᠲᠣᠷ ᠭᠡᠵᠦ ᠨᠡᠷ᠎ᠡ ᠵᠢᠭᠠᠨ ᠡᠬᠡ ᠥᠬᠢᠨ ᠬᠣᠶᠠᠷ ᠢ᠋ ᠡᠨᠳᠡ ᠠᠮᠢ ᠵᠢᠭᠤᠯᠭᠠᠳᠠᠭ ᠨᠢ ᠡᠨᠡ᠃
ᠮᠠᠨᠴᠤᠷᠭ᠎ᠠ᠂ ᠨᠤᠭᠤᠭᠠᠨᠳᠠᠷᠬᠢ ᠪᠦᠰᠡᠭᠦᠢ ᠶ᠋ᠢᠨ ᠠᠶᠠᠭᠠᠯᠠᠭᠰᠠᠨ ᠴᠠᠢ ᠠ᠋ᠴᠠ ᠣᠭᠣᠴᠢᠬᠤᠢᠴᠠ ᠪᠣᠯᠵᠤ ᠠᠶᠠᠭ᠎ᠠ ᠪᠠᠨ ᠰᠢᠷᠡᠭᠡᠨ ᠳᠡᠭᠡᠷ᠎ᠡ ᠲᠠᠯᠪᠢᠨ᠄
— ᠵᠠ᠂ ᠪᠠᠢᠵᠠ! ᠨᠠᠭᠠᠳᠤ ᠱᠤᠤᠭᠢᠲᠠᠯᠠ ᠢᠰᠤᠭ᠍ᠰᠡᠨ ᠠᠢᠷᠠᠭ ᠠ᠋ᠴᠠ ᠪᠠᠨ ᠨᠠᠭᠠᠰᠢ ᠥᠭᠭᠦᠭᠡᠴᠢ! ᠭᠡᠳ ᠪᠣᠳᠣᠩ ᠲᠠᠢ ᠬᠦᠴᠢᠯᠢᠭ ᠠᠢᠷᠠᠭ ᠠ᠋ᠴᠠ ᠬᠡᠳᠦ ᠬᠡᠳᠦᠨ ᠠᠶᠠᠭ᠎ᠠ ᠤᠤᠭᠤᠭᠰᠠᠨ ᠳ᠋ᠤ᠌ ᠳᠣᠲᠣᠷ᠎ᠠ ᠨᠢ ᠣᠩᠭᠣᠢᠭᠠᠳ ᠶᠠᠪᠤᠴᠢᠬᠠᠪᠠ᠃
ᠬᠦᠴᠢᠲᠡᠢ ᠠᠢᠷᠠᠭ ᠪᠡᠶ᠎ᠡ ᠶ᠋ᠢᠨ ᠬᠣᠣᠷ ᠪᠠ ᠠᠷᠢᠬᠢᠨ ᠤ᠋ ᠰᠢᠷ᠎ᠠ ᠲᠠᠢᠯᠳᠠᠭ ᠭᠡᠰᠡᠨ ᠨᠢ ᠦᠨᠡᠨ ᠪᠠᠢᠵᠤ ᠲᠠᠭᠠᠷᠠᠨ᠎ᠠ᠃ ᠲᠠᠮᠠᠬᠢᠯᠠᠬᠤ ᠵᠠᠭᠤᠷ᠎ᠠ ᠮᠠᠨᠴᠤᠷᠭ᠎ᠠ ᠬᠥᠯᠥᠷᠡᠵᠦ ᠮᠠᠩᠨᠠᠢ ᠳ᠋ᠤᠨᠢ ᠢᠨᠵᠠᠭᠠᠨ ᠬᠣᠷᠭᠣᠯ ᠭᠡᠮᠡᠷ ᠬᠦᠢᠲᠡᠨ ᠬᠥᠯᠥᠰᠥ ᠪᠠᠷᠵᠠᠢᠵᠤ᠂ ᠨᠢᠷᠤᠭᠤᠨ ᠭᠣᠣᠯ ᠢ᠋ᠶ᠋ᠠᠷ ᠨᠢ ᠬᠥᠯᠥᠰᠥ ᠴᠢᠭᠢᠭᠯᠡᠪᠡ᠃
ᠨᠤᠭᠤᠭᠠᠨᠳᠠᠷᠬᠢ ᠪᠦᠰᠡᠭᠦᠢ ᠮᠠᠨᠴᠤᠷᠭ᠎ᠠ ᠶ᠋ᠢ ᠨᠢᠭᠡ ᠯᠡ ᠲᠠᠨᠢᠮᠠᠭᠠᠢᠷᠬᠠᠵᠤ《ᠢᠳᠡ ᠤᠤᠭᠤ᠂ ᠢᠩᠭᠢ ᠴᠢᠩᠭᠢ》 ᠭᠡᠵᠦ ᠦᠭᠡ ᠬᠠᠮᠠᠷ ᠡᠯᠭᠦᠬᠦ ᠭᠡᠬᠦ ᠳ᠋ᠦ᠍ ᠮᠠᠨᠴᠤᠷᠭ᠎ᠠ ᠦᠭᠡ ᠶ᠋ᠢᠨ ᠰᠡᠳᠦᠪ ᠥᠭᠡᠷᠡᠲᠦᠭᠦᠯᠵᠦ ᠪᠡᠶ᠎ᠡ ᠪᠡᠨ ᠵᠠᠢᠯᠠᠭᠤᠯᠤᠨ᠎ᠠ᠃ ᠠᠢᠯ ᠤ᠋ᠨ ᠲᠡᠷᠡ ᠪᠦᠰᠡᠭᠦᠢ ᠡᠯᠳᠡᠩᠭᠡ ᠲᠤᠰᠠᠯᠠᠭᠴᠢ ᠶ᠋ᠢᠨ ᠶᠡᠬᠡ ᠠᠭᠡ ᠭᠡᠷ ᠲᠦ᠋ᠨᠢ ᠪᠠᠭᠤᠵᠤ ᠢᠷᠡᠯ᠎ᠡ ᠭᠡᠵᠦ ᠰᠠᠳᠤᠨᠴᠢᠯᠠᠵᠤ ᠪᠣᠳᠣᠭᠰᠠᠨ ᠤ᠋ ᠤᠤ ᠳᠠ᠂ ᠪᠠᠢᠳᠠᠭ ᠢ᠋ᠶ᠋ᠠᠨ ᠲᠡᠮᠳᠡᠷᠢᠨ᠂ ᠰᠢᠷ᠎ᠠ ᠲᠣᠰᠣ ᠪᠠᠷ ᠵᠠᠪᠰᠠᠷᠯᠠᠭᠰᠠᠨ ᠳᠤᠭᠤᠢ ᠪᠣᠭᠣᠷᠰᠣᠭ ᠬᠠᠭᠠᠷᠢᠵᠤ᠂ ᠪᠦᠯᠢᠯᠭᠡ ᠶ᠋ᠢᠨ ᠥᠷᠥᠮ᠎ᠡ᠂ ᠠᠭᠠᠷᠤᠤᠯ᠂ ᠰᠢᠷ᠎ᠠ ᠲᠣᠰᠣ᠂ ᠬᠠᠲᠠᠭᠠᠭᠰᠠᠨ ᠥᠷᠥᠮ᠎ᠡ ᠵᠡᠷᠭᠡ ᠢᠳᠡᠭᠡᠨ ᠢ᠋ ᠰᠢᠷᠡᠭᠡ ᠳᠦᠭᠦᠷᠡᠩ ᠵᠡᠷᠭᠡᠯᠡᠭᠰᠡᠨ ᠳ᠋ᠦ᠍᠂ ᠢᠷᠡᠭᠰᠡᠨ ᠬᠥᠮᠦᠰ ᠡᠨᠡ ᠪᠦᠰᠡᠭᠦᠢ ᠶ᠋ᠢᠨ ᠵᠣᠴᠢᠨᠰᠠᠭ ᠥᠭᠭᠢᠶᠡᠮᠦᠷᠴᠢ ᠰᠡᠳᠬᠢᠯ ᠢ ᠨᠢ ᠭᠣᠮᠣᠳᠠᠭᠠᠭᠰᠠᠨ ᠦᠭᠡᠢ ᠡᠷᠡᠭᠡ ᠵᠢᠷᠣᠭ᠎ᠠ ᠦᠭᠡᠢ ᠢᠳᠡᠵᠦ ᠤᠤᠭᠤᠵᠠᠭᠠᠪᠠ᠃
ᠰᠢᠷᠡᠭᠡᠨ ᠳᠡᠭᠡᠷ᠎ᠡ ᠪᠣᠣᠪᠣ ᠪᠣᠭᠣᠷᠰᠣᠭ᠂ ᠥᠷᠥᠮ᠎ᠡ ᠲᠣᠰᠣᠨ ᠤ᠋ ᠬᠠᠪᠴᠢᠭ ᠮᠡᠳᠡᠭᠳᠡᠬᠦᠢᠴᠡ ᠬᠣᠲᠣᠢᠨ᠂ ᠠᠶᠠᠭ᠎ᠠ ᠰᠠᠪᠬ᠎ᠠ ᠤᠨᠳᠤᠢ ᠰᠤᠨᠳᠤᠢ᠃ ᠢᠳᠡᠵᠦ ᠤᠤᠭᠤᠵᠤ ᠬᠠᠨᠤᠭᠰᠠᠨ ᠬᠡᠳᠦᠨ ᠡᠷ᠎ᠡ ᠤᠷᠲᠤ ᠤᠷᠲᠤ ᠭᠡᠭᠡᠷᠡᠭᠦᠯᠦᠨ ᠭᠡᠳᠡᠷᠭᠦᠯᠡᠵᠦ ᠰᠠᠭᠤᠨ᠂ ᠳ᠋ᠠᠢ ᠲᠠᠮᠠᠬᠢ ᠲᠠᠢ ᠪᠠᠨ ᠨᠣᠴᠣᠯᠳᠤᠬᠤ ᠳ᠋ᠤ᠌ ᠬᠠᠶᠠ ᠨᠢᠭᠡ ᠨᠢ ᠬᠠᠷ᠎ᠠ ᠲᠠᠮᠠᠬᠢ ᠴᠣᠷᠭᠢᠭᠤᠯᠵᠤ ᠤᠲᠤᠭ᠎ᠠ ᠪᠠᠭᠠᠭᠢᠭᠤᠯᠤᠨᠠ᠁
ᠬᠥᠪ ᠬᠥᠪ᠁ ᠨᠣᠬᠠᠢ ᠬᠣᠷᠭᠣᠭᠣᠬᠤ ᠳᠠᠭᠤᠨ ᠢ᠋ᠶ᠋ᠠᠷ ᠮᠣᠷᠢᠳ ᠬᠤᠤᠭᠢᠷᠤᠨ ᠦᠦᠷᠰᠡᠨ᠎ᠡ᠃
— ᠮᠠᠨᠴᠤ ᠠᠬ᠎ᠠ ᠠ᠋! ᠵᠤᠳᠪᠠ ᠮᠡᠢᠷᠡᠨ ᠪᠠᠭᠤᠵᠤ ᠪᠠᠢᠨ᠎ᠠ! ᠭᠡᠵᠦ ᠭᠤᠢᠳᠤᠪ ᠭᠠᠳᠠᠨ᠎ᠠ ᠠ᠋ᠴᠠ ᠬᠡᠯᠡ ᠬᠦᠷᠭᠡᠵᠦ ᠣᠷᠣᠵᠤ ᠢᠷᠡᠪᠡᠯ ᠮᠠᠨᠴᠤᠷᠭ᠎ᠠ᠄
— ᠣᠯᠠᠭᠤᠯᠠ ᠤᠤ? ᠭᠡᠵᠦ ᠠᠰᠠᠭᠤᠪᠠ᠃
— ᠦᠭᠡᠢ᠂ ᠭᠤᠷᠪᠠᠭᠤᠯᠠ ᠶᠠᠪᠤᠭ᠎ᠠ᠃
ᠮᠠᠨᠴᠤᠷᠭ᠎ᠠ ᠣᠷᠣᠨ ᠠ᠋ᠴᠠ ᠪᠠᠨ ᠪᠣᠰᠴᠤ ᠵᠤᠳᠪᠠ ᠮᠡᠢᠷᠡᠨ ᠢ᠋ ᠤᠭᠲᠤᠷ᠎ᠠ ᠭᠠᠷᠪᠠ᠃
ᠵᠤᠳᠪᠠ ᠮᠡᠢᠷᠡᠨ ᠬᠣᠶᠠᠷ ᠳᠠᠭᠠᠯᠲᠠ ᠴᠡᠷᠢᠭ ᠲᠡᠢ ᠱᠣᠩ ᠳᠡᠭᠡᠷ᠎ᠡ ᠪᠠᠭᠤᠵᠤ ᠪᠠᠢᠨ᠎ᠠ᠃
ᠮᠠᠨᠴᠤᠷᠭ᠎ᠠ ᠵᠤᠳᠪᠠ ᠮᠡᠢᠷᠡᠨ ᠢ᠋ ᠤᠭᠲᠤᠵᠤ ᠣᠴᠢᠨ᠄
— ᠵᠤᠳᠪᠠ ᠭᠤᠸᠠᠢ ᠰᠠᠢᠨ ᠶᠠᠪᠤᠵᠤ ᠢᠷᠡᠪᠡ ᠤᠤ? ᠭᠡᠵᠦ ᠮᠡᠨᠳᠦᠯᠡᠭᠰᠡᠨ ᠳ᠋ᠦ᠍᠂ ᠮᠠᠨᠴᠤᠷᠭ᠎ᠠ ᠶ᠋ᠢᠨ ᠠᠷᠤ ᠠ᠋ᠴᠠ ᠳᠠᠭᠠᠯᠳᠤᠭᠰᠠᠨ ᠬᠡᠳᠦᠨ ᠡᠷ᠎ᠡ《ᠵᠤᠳᠪᠠ ᠭᠤᠸᠠᠢ ᠰᠠᠢᠨ ᠤᠤ?》 ᠭᠡᠵᠦ ᠵᠡᠷᠭᠡ ᠪᠡᠷ ᠮᠡᠨᠳᠦᠯᠡᠪᠡ᠃
— ᠵᠠ᠂ ᠰᠠᠢᠨ ᠰᠠᠢᠨ᠂ ᠲᠠ ᠨᠠᠷ ᠰᠠᠢᠨ ᠶᠠᠪᠤᠵᠠᠭᠠᠵᠤ ᠪᠠᠢᠨ᠎ᠠ ᠤᠤ? ᠭᠡᠵᠦ ᠵᠤᠳᠪᠠ ᠮᠡᠢᠷᠡᠨ ᠢᠨᠢᠶᠡᠬᠦ ᠳ᠋ᠦ᠍᠂ ᠡᠯᠪᠡᠭ ᠬᠦᠷᠡᠩ ᠴᠢᠷᠠᠢ ᠨᠢ ᠲᠡᠨᠢᠢᠵᠦ ᠮᠣᠷᠢᠨ ᠴᠠᠭᠠᠨ ᠰᠢᠲᠦ ᠨᠢ ᠢᠷᠡᠰᠬᠢᠨ ᠠᠯᠲᠠᠨ ᠰᠣᠶᠣᠭ᠎ᠠ ᠠ᠋ᠴᠠ ᠨᠢ ᠭᠡᠷᠡᠯ ᠰᠠᠴᠤᠷᠠᠬᠤ ᠰᠢᠭ᠋ ᠪᠣᠯᠪᠠ᠃
ᠵᠤᠳᠪᠠ ᠮᠡᠢᠷᠡᠨ ᠦ᠌ ᠡᠮᠦᠰᠬᠡᠯ ᠴᠢᠮᠡᠭᠯᠡᠯ ᠦ᠋ᠨ ᠵᠦᠢᠯ ᠨᠢ ᠳᠡᠮᠡᠢ ᠬᠤᠪᠢᠷᠠᠭᠰᠠᠨ ᠶᠠᠩᠵᠤ ᠦᠭᠡᠢ᠃ ᠬᠠᠷ᠎ᠠ ᠬᠥᠬᠡ ᠲᠡᠷᠯᠢᠭ ᠳᠡᠭᠡᠷ᠎ᠡ ᠠᠶᠠᠭᠠᠨ ᠴᠢᠨᠡᠭᠡᠨ ᠵᠣᠭᠣᠰᠤᠨ ᠬᠡ ᠲᠡᠢ ᠬᠦᠷᠡᠩ ᠲᠣᠷᠭᠠᠨ ᠬᠠᠨᠵᠢᠶᠠᠷ ᠡᠮᠦᠰᠦᠨ᠂ ᠨᠣᠭᠣᠭᠠᠨ ᠲᠠᠰᠠᠮ᠎ᠠ ᠲᠠᠢ ᠡᠭᠡᠲᠡᠨ ᠭᠤᠲᠤᠯ ᠢᠰᠬᠦᠯᠵᠦ ᠰᠣᠷᠲᠣᠭᠣᠲᠠᠢ ᠠᠯᠬᠤᠬᠤ ᠨᠢ ᠶᠣᠰᠣᠲᠠᠢ ᠯᠠ ᠪᠥᠬᠡ ᠰᠢᠭ ᠪᠠᠢᠪᠠ᠃ ᠭᠠᠭᠴᠠ ᠪᠠᠷᠠᠭᠤᠨ ᠲᠠᠰᠢᠶ᠎ᠠ ᠳ᠋ᠠᠭᠠᠨ ᠪᠠᠢᠩᠭᠤ ᠵᠡᠭᠦᠵᠦ ᠶᠠᠪᠤᠳᠠᠭ ᠱ᠌ᠢᠷᠦ ᠰᠢᠭᠢᠳᠬᠡᠭᠰᠡᠨ ᠮᠥᠩᠭᠥᠨ ᠪᠠᠯ ᠲᠠᠢ ᠬᠢᠲᠤᠭ᠎ᠠ ᠶ᠋ᠢᠨ ᠢ᠋ᠶ᠋ᠡᠨ ᠣᠷᠣᠨ ᠳ᠋ᠤ᠌ ᠰᠢᠷᠢᠨ ᠬᠤᠢ ᠲᠠᠢ ᠠᠬᠤᠷ ᠫᠤᠤ ᠣᠷᠣᠭᠤᠯᠤᠭᠰᠠᠨ ᠨᠢ ᠪᠡᠶ᠎ᠡ ᠳ᠋ᠦ᠍ᠨᠢ ᠦᠯᠦ ᠵᠣᠬᠢᠴᠠᠨ ᠡᠲᠡᠭᠡᠳ ᠬᠠᠷᠠᠭᠳᠠᠨ᠎ᠠ᠃
— ᠲᠠ ᠳᠣᠲᠣᠭᠰᠢ ᠪᠠᠨ ᠰᠠᠭᠠᠳᠠ ᠭᠡᠵᠦ ᠬᠥᠮᠦᠰ ᠨᠢᠭᠡ ᠨᠢᠭᠡᠨ ᠢ᠋ᠶ᠋ᠡᠨ ᠨᠠᠢᠷ ᠲᠠᠯᠪᠢᠨ ᠵᠤᠳᠪᠠ ᠮᠡᠢᠷᠡᠨ ᠢ᠋ ᠬᠦᠨᠳᠦᠯᠡᠨ᠂ ᠬᠣᠢᠮᠣᠷ ᠲᠤ᠌ ᠰᠠᠭᠤᠯᠭᠠᠪᠠ᠃
ᠰᠢᠷᠡᠭᠡ ᠳᠠᠬᠢᠭᠠᠳ ᠡᠯᠪᠡᠭ ᠵᠠᠰᠠᠭᠳᠠᠵᠤ ᠴᠠᠢ ᠴᠤᠤ ᠣᠢᠷᠠᠲᠤᠭᠤᠯᠬᠤ ᠵᠠᠭᠤᠷ᠎ᠠ ᠵᠤᠳᠪᠠ ᠮᠡᠢᠷᠡᠨ ᠮᠠᠨᠴᠤᠷᠭ᠎ᠠ ᠲᠠᠢ ᠬᠥᠬᠦᠦᠷ ᠰᠣᠯᠢᠯᠴᠠᠨ ᠮᠡᠨᠳᠦᠯᠡᠪᠡ᠃
— ᠵᠠ ᠰᠣᠨᠢᠨ ᠰᠠᠢᠬᠠᠨ ᠶᠠᠭᠤ ᠪᠠᠢᠨ᠎ᠠ ?
— ᠰᠣᠨᠢᠨ ᠴᠤ᠌ ᠶᠠᠭᠤᠮ᠎ᠠ ᠠᠯᠠᠭ᠎ᠠ ᠳᠠ ! ᠪᠠᠭ᠎ᠠ ᠬᠠᠲᠤᠨ ᠤ᠋ ᠵᠠᠰᠠᠭ ᠨᠤᠷᠠᠵᠤ᠂ ᠪᠠᠷᠠᠭᠤᠨᠰᠢ ᠪᠠᠨ ᠵᠢᠯᠢᠴᠢᠬᠡᠯᠡ ᠭᠡᠵᠦ ᠰᠣᠨᠣᠰᠤᠭᠠᠳ ᠭᠡᠷ ᠦ᠋ᠨ ᠪᠠᠷ᠎ᠠ ᠨᠢᠭᠡᠨ ᠬᠠᠷᠠᠬᠤ ᠴᠤ᠌ ᠶᠤᠮ ᠤᠤ ᠭᠡᠵᠦ ᠶᠠᠪᠤᠨ᠎ᠠ ᠳᠠ!
— ᠶᠠᠭ ᠳᠠ! ᠲᠡᠷᠡ ᠡᠮ᠎ᠡ ᠶ᠋ᠢᠨ ᠪᠠᠷ᠎ᠠ ᠴᠦ᠍ ᠡᠷᠭᠢᠰᠢ ᠦᠭᠡᠢ ᠲᠤᠨᠢᠯᠤᠭᠰᠠᠨ ᠠ᠋! ᠦᠭᠡᠢ᠂ ᠶᠡᠷᠦ ᠨᠢ ᠡᠪᠦᠭᠡᠨ ᠲᠤᠰᠠᠯᠠᠭᠴᠢ ᠭᠤᠸᠠᠢ ᠶᠡᠬᠡ ᠠᠭᠡ ᠶ᠋ᠢ ᠰᠤᠷᠠᠭᠯᠠᠵᠤ᠂ ᠶᠠᠮᠤᠨ ᠳ᠋ᠠᠭᠠᠨ ᠠᠪᠠᠴᠢᠬᠤ ᠪᠠᠷ ᠶᠠᠮᠤᠨ ᠤ᠋ ᠲᠠᠬᠠᠷ ᠭᠦᠶᠦᠯᠭᠡᠵᠦ᠂ ᠳᠠᠭᠤᠳᠠᠯᠭ᠎ᠠ ᠶ᠋ᠢᠨ ᠪᠢᠴᠢᠭ ᠶᠠᠪᠤᠭᠤᠯᠤᠭᠰᠠᠨ ᠢ᠋ ᠲᠣᠭᠣᠯᠤᠭ᠎ᠠ ᠦᠭᠡᠢ ᠤᠤ?
— ᠦᠭᠡᠢ᠃ ᠳᠠᠭᠤᠳᠠᠯᠭ᠎ᠠ ᠶ᠋ᠢᠨ ᠪᠢᠴᠢᠭ ᠢ᠋ ᠣᠯᠤᠭ᠎ᠠ ᠦᠭᠡᠢ᠃
— ᠠ᠂ ᠬᠠᠷᠢᠨ ᠤᠤ ! ᠵᠠ ᠲᠡᠢᠮᠦ ᠪᠣᠯ ᠪᠢ ᠪᠠᠷᠠᠭᠤᠨ ᠬᠦᠩ ᠦ᠋ᠨ ᠬᠣᠰᠢᠭᠤ ᠶᠠᠮᠤᠨ ᠤ᠋ ᠡᠮᠦᠨ᠎ᠡ ᠡᠴᠡ ᠴᠢᠮᠠᠶ᠋ᠢ ᠬᠣᠰᠢᠭᠤ ᠶᠠᠮᠤᠨ ᠳ᠋ᠤ᠌ ᠬᠦᠨᠳᠦ ᠪᠡᠷ ᠳᠠᠭᠤᠳᠠᠵᠤ ᠪᠠᠢᠭ᠎ᠠ ᠶ᠋ᠢ ᠵᠢᠩᠬᠢᠨᠢ ᠪᠡᠷ ᠮᠡᠳᠡᠭᠳᠡᠶ᠎ᠡ!
— ᠵᠠ᠂ ᠭᠢᠯᠠᠢᠯ᠎ᠠ !
— ᠵᠦᠭᠡᠷ ᠵᠦᠭᠡᠷ! ᠴᠢ ᠶᠡᠷᠦ ᠬᠠᠮᠢᠭ᠎ᠠ ᠬᠠᠮᠢᠭᠠᠭᠤᠷ ᠶᠠᠪᠤᠭᠠᠳ ᠪᠠᠢᠪᠠ ? ᠶᠡᠬᠡ ᠤᠳᠠᠭᠠᠨ ᠴᠤ᠌ ᠰᠤᠷᠠᠭ ᠲᠠᠰᠤᠷᠠᠯ᠎ᠠ ᠰᠢᠦ ! ᠭᠡᠵᠦ ᠬᠣᠶᠠᠭᠤᠯᠠ ᠶᠡᠬᠡ ᠯᠡ ᠬᠠᠭᠤᠴᠢ ᠳᠡᠯᠭᠡᠨ ᠪᠠᠷᠠᠭᠤᠨ ᠬᠦᠩ ᠦ᠋ᠨ ᠬᠣᠰᠢᠭᠤ᠂ ᠪᠠᠭ᠎ᠠ ᠬᠠᠲᠤᠨ᠂ ᠵᠢᠯᠢᠢᠭᠴᠢ ᠴᠡᠴᠡᠭ ᠬᠠᠲᠤᠨ᠂ ᠬᠠᠷ᠎ᠠ ᠴᠡᠷᠢᠭ᠂ ᠰᠢᠷ᠎ᠠ ᠴᠡᠷᠢᠭ ᠶᠠᠭᠠᠬᠢᠯ᠎ᠠ ᠡᠢᠯ᠎ᠡ ᠭᠡᠵᠦ ᠬᠦᠦᠷᠨᠢᠨ ᠶᠠᠷᠢᠯᠴᠠᠪᠠ᠃
ᠨᠣᠭᠣᠭᠠᠨᠳᠠᠷᠬᠢ ᠪᠦᠰᠡᠭᠦᠢ ᠠᠯᠲᠠᠨ ᠬᠡ ᠲᠡᠢ ᠮᠣᠳᠣᠨ ᠫᠢᠯᠠᠨ ᠳᠣᠲᠣᠷ᠎ᠠ ᠴᠢᠳᠬᠤᠭᠰᠠᠨ ᠬᠣᠳᠣᠭᠣᠳᠣ ᠭᠡᠳᠡᠰᠦ᠂ ᠴᠢᠭᠢᠭᠰᠠᠨ ᠠᠪᠢᠰᠤ᠂ ᠪᠣᠷᠣᠯᠠᠭᠤᠯᠤᠭᠰᠠᠨ ᠭᠦᠵᠡᠭᠡ᠂ ᠡᠯᠢᠭᠡ᠂ ᠪᠥᠭᠡᠷ᠎ᠡ ᠠᠪᠴᠢᠷᠠᠭᠰᠠᠨ ᠳ᠋ᠤ᠌ ᠭᠡᠷ ᠳᠣᠲᠣᠷ᠎ᠠ ᠴᠣᠷᠣᠢ ᠶ᠋ᠢᠨ ᠱᠥᠯᠦᠨ ᠦ᠌ ᠦᠨᠦᠷ ᠬᠠᠩᠬᠤᠯᠤᠨ᠎ᠠ᠃
ᠮᠠᠨᠴᠤᠷᠭ᠎ᠠ ᠬᠣᠨᠢᠨ ᠤ᠋ ᠪᠥᠭᠡᠷ᠎ᠡ ᠶ᠋ᠢ ᠪᠦᠷᠢᠭᠰᠡᠨ ᠥᠭᠡᠬᠦ ᠶ᠋ᠢ ᠬᠠᠭᠤᠯᠵᠤ ᠡᠮᠬᠦᠭᠰᠡᠨ ᠳ᠋ᠦ᠍ ᠬᠣᠶᠠᠷ ᠵᠠᠪᠠᠵᠢᠨ ᠠ᠋ᠴᠠ ᠨᠢ ᠲᠣᠰᠣ ᠳᠤᠰᠤᠯᠭᠠ᠃ ᠬᠥᠮᠦᠰ ᠴᠢᠳᠬᠤᠭᠰᠠᠨ ᠭᠡᠳᠡᠰᠦ ᠳᠣᠲᠣᠷ ᠠᠮᠲᠠᠷᠬᠠᠨ ᠢᠳᠡᠵᠦ᠂ ᠬᠣᠭᠣᠷᠣᠨᠳᠣᠭᠤᠷ ᠨᠢ ᠲᠠᠪᠠ ᠪᠠᠷ ᠢ᠋ᠶ᠋ᠠᠨ ᠠᠷᠢᠬᠢ ᠰᠢᠮᠡᠵᠦ ᠰᠠᠭᠤᠬᠤ ᠨᠢ ᠲᠡᠳᠡᠨ ᠳ᠋ᠦ᠍ ᠨᠢᠭᠡᠨ ᠴᠠᠭ ᠤ᠋ᠨ ᠵᠢᠷᠭᠠᠯ ᠪᠠᠢᠯ᠎ᠠ᠃ ᠲᠡᠭᠦᠨ ᠦ᠌ ᠳᠠᠷᠠᠭᠠᠬᠠᠨ᠂ ᠬᠣᠨᠢᠨ ᠤ᠋ ᠮᠥᠴᠢ᠂ ᠰᠢᠭᠦᠰᠦ ᠭᠠᠷᠭᠠᠭᠰᠠᠨ ᠳ᠋ᠤ᠌ ᠭᠣᠢᠳᠦᠪ ᠲᠠᠷᠭᠤᠨ ᠰᠡᠭᠦᠯ ᠵᠦᠰᠦᠵᠦ ᠬᠥᠮᠦᠨ ᠪᠦᠭᠦᠳᠡ ᠳ᠋ᠦ᠍ ᠰᠡᠭᠦᠯ ᠰᠣᠷᠣᠭᠤᠯᠪᠠ᠃ ᠲᠠᠷᠭᠤᠨ ᠮᠢᠬᠠᠨ ᠳ᠋ᠤ᠌ ᠮᠠᠭᠤ ᠨᠢᠭᠡ ᠶ᠋ᠢ ᠪᠡᠨ ᠨᠢᠭᠡ ᠭᠡᠮ ᠠᠷᠢᠬᠢ ᠪᠠᠷ ᠲᠣᠷᠭᠠᠵᠤ᠂ ᠨᠢᠭᠡ ᠬᠡᠷᠴᠢᠮ ᠡᠯᠢᠭᠡ ᠵᠠᠵᠢᠯᠤᠭᠤᠯᠵᠤ ᠦᠢᠯᠡ ᠶ᠋ᠢ ᠨᠢ ᠪᠠᠷᠠᠨ᠎ᠠ ᠁
ᠮᠠᠨᠴᠤᠷᠭ᠎ᠠ ᠲᠠᠷᠭᠤᠨ ᠡᠪᠴᠢᠭᠦᠨ ᠦ᠌ ᠠᠯᠠᠭ ᠬᠡᠷᠰᠡᠩ ᠡᠴᠡ ᠨᠢᠭᠡ ᠵᠦᠰᠦᠮ ᠣᠭᠲᠣᠯᠵᠤ ᠡᠮᠬᠦᠨ ᠱᠠᠵᠢᠭᠢᠨᠠᠲᠠᠯᠠ ᠵᠠᠵᠢᠯᠵᠤ ᠢᠳᠡᠭᠡᠳ᠂ ᠳᠠᠬᠢᠨ ᠬᠣᠶᠠᠷ ᠬᠤᠷᠤᠭᠤ ᠥᠭᠡᠬᠦ ᠲᠡᠢ ᠳᠥᠷᠪᠡᠨ ᠥᠨᠳᠥᠷ ᠢ᠋ ᠢᠳᠡᠵᠦ᠂ ᠶᠠᠰᠤ ᠶ᠋ᠢ ᠨᠢ ᠴᠡᠪᠡᠷᠬᠡᠨ ᠴᠠᠭᠠᠯᠵᠤ ᠮᠥᠯᠵᠢᠴᠢᠬᠡᠭᠡᠳ ᠨᠢᠭᠡ ᠠᠶᠠᠭ᠎ᠠ ᠱᠦᠯᠤ ᠤᠤᠭᠤᠭᠰᠠᠨ ᠳ᠋ᠤ᠌ ᠶᠡᠬᠡᠳᠡ ᠵᠣᠬᠢᠷᠠᠨ ᠬᠡᠭᠡᠷᠡᠭᠦᠯᠪᠡ᠃
ᠨᠠᠷᠠ ᠪᠠᠷᠠᠭᠤᠨᠰᠢ ᠬᠡᠯᠪᠡᠢᠵᠦ᠂ ᠰᠡᠷᠢᠭᠦᠦ ᠣᠷᠣᠵᠠᠢ᠃ ᠮᠠᠨᠴᠤᠷᠭ᠎ᠠ ᠭᠣᠢᠳᠦᠪ ᠨᠠᠷ ᠮᠣᠷᠢ ᠪᠠᠨ ᠪᠠᠷᠢᠯᠠᠨ ᠲᠡᠨᠳᠡ ᠡᠴᠡ ᠬᠥᠳᠡᠯᠪᠡ᠃
ᠠᠢᠷᠠᠭ ᠤᠤᠭᠤᠵᠤ᠂ ᠲᠠᠷᠭᠤᠨ ᠮᠢᠬ᠎ᠠ ᠬᠦᠯᠬᠦᠨ᠂ ᠬᠠᠨᠳᠠ ᠱᠦᠯᠤ ᠤᠤᠭᠤᠭᠰᠠᠨ ᠤ᠋ ᠴᠤ᠌ ᠶᠤᠮ ᠤᠤ᠂ ᠬᠡᠢ ᠬᠣᠶᠠᠩ ᠲᠠᠷᠬᠠᠵᠤ ᠪᠡᠶ᠎ᠡ ᠬᠥᠩᠭᠡᠷᠡᠨ᠂ ᠰᠡᠷ ᠰᠡᠷ ᠰᠡᠷᠴᠢᠭᠢᠨᠡᠬᠦ ᠰᠡᠷᠢᠭᠦᠨ ᠵᠢᠪᠠᠷ ᠲᠤ᠌ ᠮᠣᠷᠢᠨ ᠳᠡᠭᠡᠷ᠎ᠡ ᠪᠠᠨ ᠶᠥᠷᠭᠡᠭᠦᠯᠵᠦ ᠶᠠᠪᠤᠬᠤ ᠶᠠᠭᠤᠲᠠᠢ ᠵᠢᠷᠭᠠᠯ ᠠᠵᠢ! ᠭᠡᠵᠦ ᠵᠢᠷᠭᠠᠯ ᠳ᠋ᠤ᠌ ᠲᠠᠰᠢᠭᠤᠷᠠᠭᠰᠠᠨ ᠮᠠᠨᠴᠤᠷᠭ᠎ᠠ ᠭᠡᠳᠡᠷᠭᠦ ᠪᠡᠨ ᠬᠠᠷᠠᠪᠠᠯ ᠨᠥᠭᠦᠭᠡ ᠬᠡᠳᠦ ᠨᠢ ᠲᠡᠭᠦᠨ ᠦ᠌ ᠮᠣᠷᠢᠨ ᠤ᠋ ᠲᠣᠭᠣᠰᠣᠨ ᠳ᠋ᠤ᠌ ᠪᠠᠭᠯᠠᠷᠠᠵᠤ ᠬᠠᠷᠠᠭᠳᠠᠬᠤ ᠳ᠋ᠤ᠌《ᠠᠬ᠎ᠠ ᠳᠡᠭᠦᠦ ᠶ᠋ᠢᠨ ᠪᠠᠷᠢᠯᠳᠤᠯᠭ᠎ᠠ ᠳ᠋ᠤ᠌ ᠵᠢᠷᠦᠬᠡ ᠪᠡᠨ ᠰᠤᠭᠤᠯᠵᠤ ᠶᠠᠪᠤᠭ᠎ᠠ ᠶᠤᠮ ᠳᠠ ! ᠬᠥᠭᠡᠷᠦᠬᠦᠢ ! 》 ᠭᠡᠵᠦ ᠪᠣᠳᠣᠬᠤ ᠡᠡᠴᠠ ᠡᠳᠡᠨᠥᠰ ᠦ᠋ᠨ ᠢ᠋ᠶ᠋ᠡᠨ ᠬᠠᠨᠢ ᠲᠦᠰᠢᠭ ᠲᠦ᠍ ᠰᠡᠳᠬᠢᠯ ᠨᠢᠭᠡ ᠯᠡ ᠴᠠᠳᠬᠤᠯᠠᠩ᠃
ᠡᠳᠡᠨᠦᠰ ᠤᠯᠠᠭᠠᠨ ᠴᠢᠯᠠᠭᠤᠲᠤ ᠶ᠋ᠢᠨ ᠬᠣᠰᠢᠭᠤ ᠶ᠋ᠢ ᠳᠤᠭᠤᠢᠯᠠᠵᠤ ᠨᠢᠭᠡ ᠬᠡᠰᠡᠭ ᠳᠣᠪᠲᠣᠯᠭᠠᠭᠰᠠᠨ ᠢ᠋ᠶ᠋ᠠᠨ ᠳᠣᠷᠣᠭᠰᠢ ᠪᠠᠨ ᠰᠢᠷ᠎ᠠ ᠵᠠᠮ ᠤᠷᠤᠭᠤ ᠣᠷᠣᠪᠠ᠃
ᠵᠢᠷᠭᠠᠬᠤ ᠨᠠᠷᠠᠨ ᠤ᠋ ᠤᠯᠠᠪᠤᠷ ᠲᠤᠶᠠᠭ᠎ᠠ ᠮᠤᠨᠠ ᠠᠭᠤᠯᠠ ᠶ᠋ᠢᠨ ᠡᠯᠢᠭᠡᠨ ᠬᠦᠷᠡᠩ ᠬᠠᠳᠠ ᠶ᠋ᠢ ᠤᠯᠠᠮ ᠤᠯᠠᠢᠯᠭᠠᠨ ᠪᠤᠳᠤᠭᠯᠠᠬᠤ ᠳ᠋ᠤ᠌᠂ ᠶᠠᠭᠠᠨ ᠤᠯᠠᠭᠠᠨ ᠱ᠌ᠢᠷᠤ ᠰᠢᠭ ᠬᠣᠯᠠ ᠠ᠋ᠴᠠ ᠭᠢᠯᠠᠯᠵᠠᠵᠤ ᠬᠠᠷᠠᠭᠳᠠᠨ᠎ᠠ᠃ ᠬᠠᠳᠠ ᠲᠠᠢ ᠡᠩᠭᠡᠷ ᠬᠠᠵᠠᠭᠤ ᠶ᠋ᠢ ᠡᠮᠵᠢᠵᠦ ᠪᠦᠷᠢᠭᠰᠡᠨ ᠠᠷᠴᠠ ᠠᠭᠠᠷᠤ ᠮᠣᠳᠣᠳ ᠨᠢ ᠢᠯᠳᠠᠮᠬᠠᠨ ᠲᠤᠰᠤᠭᠰᠠᠨ ᠨᠠᠷᠠᠨ ᠤ᠋ ᠤᠯᠠᠪᠤᠷ ᠲᠤᠶᠠᠭᠠᠨ ᠳ᠋ᠤ᠌ ᠨᠣᠮᠢᠨ ᠤᠭᠶᠤ ᠰᠢᠭ᠋ ᠴᠡᠯᠭᠡᠷᠡᠬᠦ ᠠᠵᠢ᠃
ᠲᠡᠷᠲᠡᠭᠡ ᠬᠠᠨ ᠮᠤᠠ ᠶ᠋ᠢᠨ ᠠᠭᠤᠯᠠ ᠲᠤᠯᠤᠭᠠᠳ ᠤ᠋ᠨ ᠳᠣᠲᠣᠷ᠎ᠠ ᠣᠨᠴᠠ ᠱᠤᠷᠤᠯᠵᠠᠨ ᠬᠠᠷᠠᠭᠳᠠᠬᠤ᠂ ᠮᠤᠨᠠ ᠶ᠋ᠢᠨ ᠰᠢᠷ᠎ᠠ ᠣᠷᠣᠢ ᠨᠠᠷᠠᠨ ᠤ᠋ ᠲᠤᠶᠠᠭ᠎ᠠ ᠶ᠋ᠢ ᠪᠡᠶ᠎ᠡ ᠳ᠋ᠡᠭᠡᠨ ᠨᠥᠮᠥᠷᠴᠦ ᠪᠤᠮᠠᠨ ᠰᠠᠶ᠎ᠠ ᠠᠯᠲᠠ ᠮᠥᠩᠭᠥᠨ ᠴᠥᠪᠥᠳᠡᠯ ᠰᠠᠴᠤᠷᠠᠭ ᠢ᠋ᠶ᠋ᠠᠨ ᠤᠷᠠᠳ ᠨᠤᠲᠤᠭ ᠲᠠᠭᠠᠨ ᠰᠠᠴᠤᠯᠠᠨ ᠢᠪᠡᠭᠡᠬᠦ ᠮᠡᠲᠦ ᠭᠢᠯᠠᠯᠵᠠᠬᠤ ᠨᠢ ᠨᠤᠲᠤᠭ ᠤ᠋ᠨ ᠢ᠋ᠶ᠋ᠠᠨ ᠰᠦᠷ ᠰᠦᠯᠳᠡ ᠪᠣᠯᠵᠤ ᠬᠠᠨᠠᠢᠨ ᠰᠦᠨᠳᠡᠷᠯᠡᠨ᠎ᠡ᠃
ᠮᠣᠷᠢᠨ ᠤ᠋ ᠳᠡᠪᠬᠢᠶᠠᠨ ᠳ᠋ᠤ᠌ ᠵᠠᠮ ᠤ᠋ᠨ ᠬᠠᠵᠠᠭᠤ ᠶ᠋ᠢᠨ ᠪᠤᠲᠠ ᠪᠣᠷᠣᠯᠵᠠᠢ ᠳᠠᠷᠠᠰᠤ ᠰᠣᠨᠳᠤᠤᠯᠠ᠂ ᠥᠨᠳᠥᠷ ᠤᠷᠭᠤᠭᠰᠠᠨ ᠯᠤᠤᠯᠢ᠂ ᠬᠠᠯᠠᠭᠠᠢ ᠲᠤᠩᠭᠤ ᠳᠤᠩᠭᠤ ᠴᠠᠬᠢᠯᠠᠨ ᠣᠢᠴᠢᠬᠤ ᠮᠡᠲᠦ᠃ ᠬᠥᠷᠥᠰᠥᠲᠦ ᠳᠡᠯᠡᠬᠡᠢ ᠬᠦᠯᠦᠭ ᠦ᠋ᠨ ᠲᠤᠭᠤᠷᠠᠢ ᠳᠣᠣᠭᠤᠷ ᠤᠷᠤᠰᠤᠨ ᠣᠳᠬᠤ ᠰᠢᠭ᠋ ᠵᠢᠷᠪᠢᠯᠵᠡᠨᠡ᠃ ᠮᠣᠷᠢᠳ ᠤ᠋ᠨ ᠲᠦᠪᠡᠷᠭᠡᠨ ᠳ᠋ᠦ᠍ ᠬᠠᠶᠠ ᠪᠢᠲᠡᠭᠦᠦ ᠳᠡᠷᠡᠰᠦᠨ ᠡᠴᠡ ᠵᠡᠭᠡᠷ᠎ᠡ ᠨᠦ᠋ᠭᠦᠳ ᠦᠷᠭᠦᠵᠤ᠂ ᠳᠡᠷᠡᠰᠦᠨ ᠦ᠌ ᠴᠠᠭᠠᠨᠠᠬᠢ ᠨᠠᠮᠤᠭ ᠭᠠᠵᠠᠷ ᠪᠥᠭᠡᠮᠨᠡᠷᠡᠯᠳᠦᠵᠦ ᠵᠣᠭᠰᠣᠨ᠂ ᠬᠠᠵᠠᠭᠤ ᠪᠠᠷ ᠨᠢ ᠱᠤᠩᠭᠤᠯᠠᠨ ᠳᠠᠪᠬᠢᠯᠳᠤᠬᠤ ᠮᠤᠷᠢᠳᠠᠳ ᠢ᠋ ᠡᠷᠭᠢᠵᠦ ᠬᠠᠷᠠᠭᠠᠳ ᠭᠠᠢᠬᠠᠯᠳᠤᠨᠠ᠃
ᠢᠩ ᠦ᠋ᠨ ᠴᠢᠯᠠᠭᠤᠲᠤ① ᠶ᠋ᠢᠨ ᠣᠪᠣᠭ᠎ᠠ ᠬᠦᠷᠬᠦ ᠳ᠋ᠦ᠍᠂《ᠱᠠᠵᠢᠨ ᠪᠠᠳᠠᠷᠠᠭᠤᠯᠤᠭᠴᠢ ᠰᠦᠮ᠎ᠡ》 ᠴᠢᠨᠳᠠᠮᠤᠨᠢ ᠶᠢᠨ ᠣᠪᠣᠭ᠎ᠠ ᠠᠯᠤᠰ ᠠ᠋ᠴᠠ ᠬᠥᠬᠡᠷᠡᠵᠦ ᠬᠠᠷᠠᠭᠳᠠᠬᠤ ᠳ᠋ᠤ᠌᠂ ᠮᠠᠨᠴᠤᠷᠭ᠎ᠠ ᠶᠢᠨ ᠳᠣᠲᠣᠷ᠎ᠠ ᠨᠤᠲᠤᠭ ᠤᠰᠤ ᠨᠢ ᠶᠡᠷᠦ ᠪᠤᠰᠤ ᠶᠢᠨ ᠰᠠᠢᠬᠠᠨ ᠰᠠᠨᠠᠭᠳᠠᠵᠤ᠂ ᠡᠵᠢ ᠠᠪᠤ᠂ ᠡᠬᠡᠨᠡᠷ ᠬᠡᠦᠬᠡᠳ ᠨᠢ ᠡᠷᠢᠭᠳᠡᠨ᠎ᠡ᠁ ᠴᠢᠨᠳᠠᠮᠤᠨᠢ ᠶᠢᠨ ᠣᠪᠣᠭᠠᠨ ᠤ᠋ ᠴᠠᠭᠠᠨ᠎ᠠ ᠠ᠋ᠴᠠ《ᠱᠠᠵᠢᠨ ᠪᠠᠳᠠᠷᠠᠭᠤᠯᠤᠭᠴᠢ ᠰᠦᠮ᠎ᠡ》 ᠶ᠋ᠢᠨ ᠬᠠᠰ ᠴᠠᠭᠠᠨ ᠰᠤᠪᠤᠷᠭ᠎ᠠ ᠲᠠᠰᠢᠬᠤ ᠨᠠᠷᠠᠨ ᠤ᠋ ᠤᠯᠠᠪᠤᠷ ᠲᠤᠶᠠᠭᠠᠨ ᠳ᠋ᠤ᠌ ᠭᠢᠯᠠᠰᠬᠤ ᠳ᠋ᠤ᠌᠂ ᠮᠠᠨᠴᠤᠷᠭ᠎ᠠ ᠳᠣᠲᠣᠷ᠎ᠠ ᠪᠠᠨ《ᠱ᠌ᠢᠷᠦᠨ ᠤᠯᠠᠭᠠᠨ ᠬᠠᠳᠠ᠂ ᠣᠭᠶᠣᠠ ᠨᠣᠭᠣᠭᠠᠨ ᠠᠷᠴᠠ᠂ ᠬᠠᠰ ᠴᠠᠭᠠᠨ ᠰᠤᠪᠤᠷᠭ᠎ᠠ᠂ ᠮᠠᠩᠨᠤᠭ ᠨᠣᠮᠢᠨ ᠲᠠᠯ᠎ᠠ ᠲᠠᠢ ᠵᠢᠷᠤᠭ ᠰᠢᠭ᠋ ᠰᠠᠢᠬᠠᠨ ᠨᠤᠲᠤᠭ ᠲᠠᠭᠠᠨ ᠡᠵᠡᠨ ᠪᠣᠯᠵᠤ ᠶᠠᠪᠤᠬᠤ ᠰᠢᠭ᠋ ᠵᠢᠷᠭᠠᠯ ᠬᠠᠮᠢᠭ᠎ᠠ ᠪᠠᠢᠬᠤ ᠪᠣᠢ? ᠬᠥᠮᠦᠨ ᠦ᠌ ᠬᠤᠪᠢ ᠲᠠᠪᠢᠯᠠᠩ ᠳ᠋ᠤ᠌ ᠤᠷᠤᠭᠤᠳᠠᠵᠤ ᠶᠠᠪᠤᠭᠰᠠᠨ ᠴᠠᠭ ᠪᠠᠢᠬᠤ ᠳ᠋ᠤ᠌ ᠥᠭᠡᠳᠡᠯᠡᠳᠡᠭ ᠴᠠᠭ ᠪᠠᠰᠠ ᠢᠷᠡᠳᠡᠭ ᠪᠠᠢᠨ᠎ᠠ ᠰᠢᠦ! ᠡᠢᠮᠦ ᠰᠠᠢᠬᠠᠨ ᠨᠤᠲᠤᠭ ᠤᠰᠤ ᠪᠠᠨ ᠠᠯᠢ ᠨᠢᠭᠡᠨ ᠬᠠᠷᠢ ᠶ᠋ᠢᠨ ᠬᠦᠢᠲᠡᠨ ᠠᠮᠢᠰᠬᠤᠯ ᠲᠠᠢ ᠬᠥᠮᠦᠰ ᠦ᠋ᠨ ᠬᠠᠷ᠎ᠠ ᠰᠠᠪᠠᠷ ᠲᠤ ᠲᠠᠯᠬᠢᠭᠤᠯᠵᠤ ᠶᠠᠭᠠᠬᠢᠭᠰᠠᠨ ᠴᠤ᠌ ᠪᠣᠯᠬᠤ ᠦᠭᠡᠢ᠁ ᠲᠤᠰᠠᠯᠠᠭᠴᠢ ᠡᠴᠢᠭᠡ ᠶ᠋ᠢᠨ ᠢ᠋ᠶ᠋ᠡᠨ ᠶᠡᠬᠡ ᠥᠮᠥᠭ ᠲᠤ ᠮᠠᠨᠴᠤᠷᠭ᠎ᠠ ᠬᠦᠦ ᠪᠠᠰᠠ ᠭᠢᠯᠠᠷᠠᠵᠤ ᠶᠠᠪᠤᠨ᠎ᠠ ᠳᠠ! ᠮᠠᠷᠭᠠᠰᠢ ᠨᠠᠷᠠ ᠭᠠᠷᠬᠤ ᠳ᠋ᠤ᠌ ᠵᠠᠪᠳᠤᠵᠤ ᠬᠣᠰᠢᠭᠤ ᠶᠠᠮᠤᠨ ᠤ᠋ ᠡᠭᠦᠳᠡᠨ ᠳ᠋ᠦ᠍ ᠪᠠᠭᠤᠵᠤ ᠣᠴᠢᠬᠤ ᠳ᠋ᠤ᠌ ᠶᠠᠮᠠᠷᠬᠠᠨ ᠰᠢᠤᠬᠠᠨ ᠰᠠᠨᠠᠭᠳᠠᠳᠠᠭ ᠪᠣᠯ? ᠭᠡᠵᠦ ᠰᠡᠳᠬᠢᠯ ᠬᠠᠩᠭᠠᠯᠤᠭᠤᠨ ᠪᠣᠳᠣᠬᠤ ᠳ᠋ᠠᠭᠠᠨ᠄
ᠱᠠᠭᠠᠵᠢᠩᠳᠣ ᠶᠢᠨ ᠳᠠᠪᠠᠭ᠎ᠠ ᠶ᠋ᠢ
ᠰᠠᠭᠠᠷᠠᠯ ᠮᠣᠷᠢ ᠪᠠᠷ ᠢ᠋ᠶ᠋ᠠᠨ ᠳᠤᠭᠤᠯᠤᠶᠠ ᠳᠠ
ᠱᠠᠵᠢᠨ ᠪᠤᠷᠬᠠᠨ ᠬᠣᠶᠠᠷ ᠢ᠋ ᠪᠡᠨ
ᠣᠷᠣᠢ ᠳᠡᠭᠡᠷ᠎ᠡ ᠪᠡᠨ ᠰᠢᠲᠦᠶ᠎ᠡ ᠳᠡ!
ᠪᠤᠷᠭᠠᠰᠤᠲᠤ ᠶᠢᠨ ᠳᠠᠪᠠᠭ᠎ᠠ ᠶ᠋ᠢ
ᠪᠤᠭᠤᠷᠤᠯ ᠮᠣᠷᠢ ᠪᠠᠷ ᠢ᠋ᠶ᠋ᠠᠨ ᠳᠣᠭᠣᠯᠤᠶ᠎ᠠ ᠳᠠ!
ᠪᠤᠷᠬᠠᠨ ᠪᠠᠭᠰᠢ ᠬᠣᠶᠠᠷ ᠢ᠋ ᠪᠡᠨ
ᠣᠷᠣᠢ ᠳᠡᠭᠡᠷ᠎ᠡ ᠪᠡᠨ ᠰᠢᠲᠦᠶ᠎ᠡ ᠳᠡ!
ᠡᠯᠡᠰᠦᠲᠡᠢ ᠳᠠᠪᠠᠭ᠎ᠠ ᠶ᠋ᠢ
ᠡᠮᠨᠢᠭ ᠮᠣᠷᠢ ᠪᠠᠷ ᠢ᠋ᠶ᠋ᠠᠨ ᠲᠤᠭᠤᠯᠤᠶ᠎ᠠ ᠳᠠ !
ᠡᠵᠢ ᠠᠪᠤ ᠬᠣᠶᠠᠷ ᠢ᠋ ᠪᠡᠨ
ᠣᠷᠣᠢ ᠳᠡᠭᠡᠷ᠎ᠡ ᠪᠡᠨ ᠰᠢᠲᠦᠶ᠎ᠡ ᠳᠡ ! ᠭᠡᠵᠦ ᠮᠠᠨᠴᠤᠷᠭ᠎ᠠ ᠮᠣᠷᠢᠨ ᠳᠡᠭᠡᠷ᠎ᠡ ᠪᠡᠨ ᠲᠠᠰᠢᠶᠠᠯᠳᠠᠨ ᠰᠠᠭᠤᠵᠤ ᠰᠢᠷᠤᠨᠩᠬᠠᠢᠯᠠᠬᠤ ᠳ᠋ᠤ᠌᠂ ᠲᠡᠭᠦᠨ ᠦ᠌ ᠠᠷᠤ ᠠ᠋ᠴᠠ ᠭᠣᠢᠳᠤᠪ ᠰᠣᠳᠨᠠᠮ ᠨᠠᠷ ᠴᠤ᠌ ᠠᠶ᠎ᠠ ᠬᠠᠪᠰᠤᠷᠭᠠᠨ᠎ᠠ ᠁
ᠬᠠᠷ᠎ᠠ ᠪᠤᠳᠠᠭᠠᠲᠤ ᠶ᠋ᠢᠨ ᠵᠤ ᠬᠦᠷᠬᠦ ᠳ᠋ᠦ᠍ ᠫᠠᠳ ᠬᠠᠷᠠᠩᠭᠤᠢ ᠪᠣᠯᠵᠠᠢ᠃
— ᠭᠣᠢᠳᠤᠪ ᠠ᠋! ᠰᠣᠳᠨᠠᠮ ᠠ᠋ ! ᠮᠠᠨᠤᠰ ᠲᠡᠮᠡᠭᠡᠨ ᠦ᠌ ᠡᠪᠦᠭᠡᠨ ᠳᠦᠭᠵᠢᠷᠵᠠᠪ ᠭᠤᠸᠠᠢ ᠶ᠋ᠢᠨ ᠳ᠋ᠦ᠍ ᠣᠷᠣᠭᠠᠳ ᠭᠠᠷᠤᠶ᠎ᠠ! ᠮᠣᠷᠢᠳ ᠢ᠋ᠶ᠋ᠠᠨ ᠵᠢᠭᠠᠯ ᠵᠢᠭᠤᠯ ᠡᠪᠡᠰᠦ ᠬᠠᠵᠠᠯᠠᠭᠤᠯᠵᠤ ᠠᠪᠤᠭᠠᠳ᠂ ᠵᠢᠭᠠᠬᠠᠨ ᠲᠤᠭ ᠬᠢᠭᠡᠳ ᠭᠠᠷᠬᠤ ᠤᠤ ᠳᠡ ? ᠭᠡᠵᠦ ᠮᠠᠨᠴᠤᠷᠭ᠎ᠠ ᠬᠡᠯᠡᠭᠰᠡᠨ ᠳ᠋ᠦ᠍ ᠭᠣᠢᠳᠤᠪ᠄
— ᠵᠠ᠂ ᠲᠡᠭᠡᠶ᠎ᠡ! ᠭᠡᠵᠦ ᠲᠡᠮᠡᠭᠡᠨ ᠦ᠌ ᠡᠪᠦᠭᠡᠨ ᠲᠦᠭᠵᠢᠷᠵᠡᠪ ᠭᠤᠸᠠᠢ ᠶ᠋ᠢᠨ ᠬᠢ ᠤᠷᠤᠭᠤ ᠳᠥᠭᠥᠪᠡ᠃
ᠲᠦᠭᠵᠢᠷᠵᠡᠪ ᠭᠤᠸᠠᠢ ᠭᠡᠭᠴᠢ ᠭᠠᠭᠴᠠ ᠪᠡᠶ᠎ᠡ ᠡᠪᠦᠭᠡᠨ᠃ ᠬᠦᠩ ᠦ᠋ᠨ ᠰᠦᠮ᠎ᠡ ᠶ᠋ᠢᠨ ᠲᠡᠮᠡᠭᠡᠴᠢᠨ᠃ ᠠᠯᠢᠭ ᠱᠠᠯᠢᠭ ᠦᠯᠢᠭᠡᠷ ᠶᠠᠷᠢᠬᠤ ᠳᠤᠷᠠᠲᠠᠢ᠂ ᠬᠥᠮᠦᠨ ᠬᠠᠷ᠎ᠠ ᠶ᠋ᠢᠨ ᠡᠮᠵᠡᠭ ᠰᠢᠨᠵᠢ ᠶ᠋ᠢ ᠨᠢ ᠪᠠᠷᠢᠵᠤ ᠱᠣᠣᠯᠠᠵᠤ ᠠᠳᠠᠯᠢᠬᠠᠨ ᠳᠠᠭᠤᠷᠢᠶᠠᠭᠠᠳ ᠬᠥᠮᠦᠨ ᠢᠨᠢᠶᠡᠯᠭᠡᠵᠦ ᠶᠠᠪᠤᠳᠠᠭ ᠱᠣᠭ ᠤ᠋ᠨ ᠡᠪᠦᠭᠡᠨ ᠠᠵᠢ᠃ ᠮᠠᠨᠴᠤᠷᠭ᠎ᠠ ᠲᠡᠮᠡᠭᠡᠨ ᠦ᠌ ᠡᠪᠦᠭᠡᠨ ᠲᠡᠢ ᠨᠠᠢᠷ ᠵᠤᠵᠠᠭᠠᠨ ᠪᠠᠢᠳᠠᠭ᠃ ᠵᠡᠭᠦᠨᠰᠢ ᠪᠠᠷᠠᠭᠤᠨᠰᠢ ᠵᠠᠮ ᠳᠠᠭᠠᠷᠢᠵᠤ ᠭᠠᠷᠬᠤ ᠪᠣᠯᠭᠠᠨ ᠵᠠᠪᠠᠯ ᠡᠨᠡᠭᠦᠷ ᠣᠷᠣᠵᠤ᠂ ᠲᠡᠮᠡᠭᠡᠨ ᠦ᠌ ᠡᠪᠦᠭᠡᠨ ᠳ᠋ᠦ᠍ ᠬᠣᠶᠠᠷ ᠪᠣᠳᠣᠩ ᠭᠠᠰᠢᠭᠤᠨ ᠬᠠᠷ᠎ᠠ ᠥᠭᠴᠦ ᠢᠨᠢᠶᠡᠳᠦ ᠲᠡᠢ ᠬᠠᠨᠢᠶᠠᠳᠤ ᠲᠠᠢ ᠵᠣᠭᠣᠭ ᠢ᠋ ᠨᠢ ᠰᠣᠨᠣᠰᠤᠨ ᠡᠯᠢᠭᠡ ᠪᠡᠨ ᠬᠥᠰᠢᠲᠡᠯ᠎ᠡ ᠢᠨᠢᠶᠡᠵᠦ ᠰᠠᠭᠤᠬᠤ ᠳᠤᠷᠠᠲᠠᠢ᠃
ᠮᠠᠨᠴᠤᠷᠭ᠎ᠠ ᠡᠳᠡᠨᠦᠰ ᠲᠡᠮᠡᠭᠡᠨ ᠦ᠌ ᠡᠪᠦᠭᠡᠨ ᠦ᠌ ᠬᠠᠶᠠᠭᠠᠨ ᠳ᠋ᠤ᠌ ᠪᠠᠭᠤᠬᠤ ᠳ᠋ᠤ᠌᠂ ᠨᠣᠬᠠᠢ ᠨᠢ ᠬᠣᠯᠠ ᠲᠡᠷᠲᠡᠭᠡ ᠭᠠᠰᠠᠯᠤᠨ ᠭᠠᠰᠠᠯᠤᠨ ᠬᠣᠷᠭᠣᠭᠣᠬᠤ ᠠ᠋ᠴᠠ ᠪᠢᠰᠢ᠂ ᠭᠡᠷ ᠢ᠋ᠶ᠋ᠡᠨ ᠬᠠᠪᠢᠳᠠᠬᠤ ᠦᠭᠡᠢ ᠪᠠᠢᠪᠠ᠃ ᠡᠨᠡ ᠠᠢᠯ ᠳ᠋ᠤ᠌ ᠶᠡᠷᠦ ᠪᠤᠰᠤ ᠶ᠋ᠢᠨ ᠤᠴᠢᠷ ᠪᠣᠯᠵᠠᠢ ᠭᠡᠳᠡᠭ ᠢ᠋ ᠬᠡᠯᠡᠵᠦ ᠪᠠᠢᠨ᠎ᠠ᠃ ᠮᠠᠢᠵᠢᠭᠢ ᠪᠣᠷᠣ ᠭᠡᠷ ᠦ᠋ᠨ ᠡᠭᠦᠳᠡ ᠨᠢ ᠵᠠᠳᠠᠭᠠᠢ ᠣᠩᠭᠣᠢᠵᠤ ᠪᠠᠢᠪᠠ᠃ ᠴᠢᠮᠡᠭᠡ ᠠᠨᠢᠷ ᠠᠯᠠᠭ᠎ᠠ᠃
— ᠲᠦᠭᠵᠢᠷ ᠭᠤᠸᠠᠢ ᠠ᠋! ᠭᠡᠵᠦ ᠮᠠᠨᠴᠤᠷᠭ᠎ᠠ ᠲᠦᠭᠵᠢᠷᠵᠡᠪ ᠭᠤᠸᠠᠢ ᠶ᠋ᠢ ᠦᠭᠡᠢᠯᠡᠨ ᠳᠠᠭᠤᠳᠠᠭᠰᠠᠨ ᠳ᠋ᠤ᠌ ᠬᠠᠷᠢᠭᠤ ᠳᠠᠭᠤ ᠦᠭᠡᠢ᠃
ᠭᠣᠢᠳᠤᠪ ᠮᠠᠭᠤ ᠭᠡᠷ ᠦ᠋ᠨ ᠣᠩᠭᠣᠷᠬᠠᠢ ᠡᠭᠦᠳᠡᠨ ᠳ᠋ᠦ᠍ ᠬᠦᠷᠬᠦ ᠳ᠋ᠦ᠍᠂ ᠭᠡᠷ ᠳᠣᠲᠣᠷ᠎ᠠ ᠬᠣᠨᠤᠩ ᠬᠣᠨᠤᠩ ᠭᠡᠵᠦ ᠨᠢᠭᠡ ᠶᠠᠭᠤᠮ᠎ᠠ ᠱᠤᠤᠬᠢᠲᠤᠨᠠᠨ ᠳᠤᠤᠭᠠᠷᠬᠤ ᠰᠢᠭ᠋ ᠪᠣᠯᠤᠭᠰᠠᠨ ᠳ᠋ᠤ᠌ ᠴᠦᠳᠡᠩ ᠵᠢᠷᠤᠨ ᠱᠠᠭᠠᠢᠪᠠᠯ᠂ ᠡᠪᠦᠭᠡᠨ ᠲᠤᠯᠭᠠᠨ ᠤ᠋ ᠪᠠᠨ ᠠᠷᠤ ᠳ᠋ᠤ᠌ ᠬᠦᠯᠢᠶᠡᠰᠦᠲᠡᠢ ᠬᠡᠪᠲᠡᠨ᠎ᠡ᠃ ᠪᠥᠰᠡᠨ ᠦ᠌ ᠬᠢᠨᠢ ᠦᠵᠦᠭᠦᠷ ᠢ᠋ ᠠᠮᠠᠨ ᠳ᠋ᠤᠨᠢ ᠴᠢᠬᠢᠵᠦ ᠣᠷᠬᠢᠭᠰᠠᠨ ᠠ᠋ᠴᠠ ᠬᠠᠶᠠᠭᠠᠨ ᠳ᠋ᠤ᠌ ᠢᠷᠡᠬᠦ ᠬᠥᠯ ᠦᠨ ᠴᠢᠮᠡᠭᠡ ᠪᠡᠷ《ᠠᠮᠢ ᠠᠪᠤᠷᠠᠭᠠᠴᠢ ᠠ᠋!》 ᠭᠡᠵᠦ ᠪᠠᠷᠬᠢᠷᠠᠬᠤ ᠳ᠋ᠦ᠍ᠨᠢ ᠵᠥᠪ ᠠᠪᠢᠶ᠎ᠠ ᠰᠣᠨᠣᠰᠳᠠᠳᠠᠭ ᠦᠭᠡᠢ ᠬᠣᠨᠣᠩ ᠬᠣᠨᠣᠩ ᠭᠡᠵᠦ ᠳᠠᠷᠤᠭᠳᠠᠭᠰᠠᠨ ᠰᠢᠳᠦᠯᠡᠩ ᠰᠢᠭ ᠪᠢᠲᠡᠭᠦᠬᠡᠨ ᠮᠠᠭᠤ ᠳᠠᠭᠤ ᠭᠠᠷᠤᠭᠰᠠᠨ ᠨᠢ ᠲᠡᠷᠡ!
ᠭᠣᠢᠳᠤᠪ᠂ ᠡᠪᠦᠭᠡᠨ ᠦ᠌ ᠬᠦᠯᠢᠶᠡᠰᠦ ᠪᠥᠭᠯᠡᠭᠡᠰᠦ ᠶ᠋ᠢ ᠠᠯᠳᠠᠷᠠᠭᠠᠨ ᠠᠪᠴᠤ ᠡᠪᠦᠭᠡᠨ ᠢ᠋ ᠡᠷᠭᠦᠨ ᠪᠤᠰᠬᠠᠪᠠᠯ᠄
— ᠶᠣ᠂ ᠶᠣᠬᠣ! ᠭᠡᠵᠦ ᠤᠷᠲᠤᠬᠠᠨ ᠠᠮᠢᠰᠬᠤᠪᠠ᠃
— ᠳᠦᠭᠵᠢᠷ ᠭᠤᠸᠠᠢ᠁ ᠲᠠ ᠴᠢᠨᠢ ᠶᠠᠭᠠᠬᠢᠴᠢᠬᠠᠪᠠ? ᠭᠡᠵᠦ ᠮᠠᠨᠴᠤᠷᠭ᠎ᠠ ᠭᠠᠢᠬᠠᠰᠢᠷᠠᠨ《ᠰᠠᠢᠨ ᠤᠤ ᠲᠠ?》 ᠭᠡᠬᠦ ᠶ᠋ᠢᠨ ᠣᠷᠣᠨ ᠳ᠋ᠤ᠌ ᠢᠩᠭᠢᠵᠦ ᠯᠡ ᠮᠡᠨᠳᠦ ᠠᠰᠠᠭᠤᠪᠠ᠃
— ᠣ᠂ ᠬᠥᠭᠡᠷᠦᠬᠦᠢ! ᠮᠠᠨᠴᠤᠷᠭ᠎ᠠ ᠮᠢᠨᠢ ᠬᠦᠷᠦᠭᠡᠳ ᠢᠷᠡᠭᠰᠡᠨ ᠳ᠋ᠡᠭᠡᠨ ᠮᠠᠭᠤ ᠦᠬᠦᠳᠡᠭ ᠦᠭᠡᠢ ᠵᠣᠪᠠᠯᠭ᠎ᠠ ᠰᠡᠷᠪᠡᠢᠭᠡᠳ ᠪᠣᠰᠤᠯ᠎ᠠ᠁ ᠵᠠ᠂ ᠰᠠᠢᠨ ᠶᠠᠪᠤᠵᠤ ᠢᠷᠡᠪᠡ ᠤᠤ? ᠮᠠᠨᠴᠤᠷᠭ᠎ᠠ ᠠ᠋! ᠨᠠᠭᠠᠰᠢ ᠪᠠᠨ ᠰᠠᠭᠤ᠂ ᠰᠠᠭᠤ! ᠭᠡᠵᠦ ᠣᠷᠣ ᠰᠢᠷᠢᠳᠡᠭ᠂ ᠰᠢᠷᠡᠭᠡ ᠱᠠᠲᠤ᠂ ᠠᠶᠠᠭ᠎ᠠ ᠱᠠᠭᠠᠵᠠᠩ ᠵᠡᠷᠭᠡ ᠡᠮᠬᠢ ᠵᠠᠮᠪᠠᠷᠠᠭ᠎ᠠ ᠦᠭᠡᠢ ᠵᠦᠢᠯ ᠢ᠋ᠶ᠋ᠡᠨ ᠲᠢᠭᠯᠡᠬᠦ ᠭᠡᠵᠦ ᠮᠤᠩᠭᠠᠨᠢᠪᠠ᠃
— ᠦᠭᠡᠢ᠂ ᠶᠠᠭᠠᠬᠢᠴᠢᠬᠠᠭᠠ ᠨᠢ ᠡᠨᠡ ᠪᠣᠢ?
— ᠮᠠᠭᠤ ᠰᠠᠢᠨ ᠵᠠᠨᠠᠭ ᠤ᠋ᠳ ᠴᠢᠭᠢᠶᠡᠲᠦᠷᠦᠦ! ᠡᠷ᠎ᠡ ᠰᠤᠪᠠᠢ ᠲᠡᠮᠡᠭᠡᠳ ᠢ᠋ ᠮᠢᠨᠢ ᠰᠠᠯᠭᠠᠵᠤ ᠬᠥᠭᠡᠭᠡᠭᠡᠳ ᠠᠷᠢᠯᠴᠢᠬᠠᠬᠤ ᠰᠢᠦ ᠪᠣᠯᠤᠯ᠎ᠠ᠁
— ᠶᠠᠮᠠᠷᠬᠠᠨ ᠰᠢᠦ ᠵᠠᠨᠠᠭ ᠤ᠋ᠳ ᠪᠣᠢ?
— ᠪᠠᠷᠠᠭᠠᠨ ᠬᠤᠪᠴᠠᠰᠤ ᠲᠠᠢ! ᠫᠤᠤ ᠵᠡᠪᠰᠡᠭ ᠲᠠᠢ ᠯᠠ ᠤᠬᠠᠭᠠᠨ ᠲᠠᠢ᠃ ᠵᠢᠰᠦ ᠴᠢᠷᠠᠢ ᠨᠢ ᠶᠡᠷᠦ ᠲᠣᠳᠣ ᠲᠠᠨᠢᠭᠳᠠᠭᠰᠠᠨ ᠦᠭᠡᠢ᠃
— ᠣᠯᠠᠭᠤᠯᠠ ᠤᠤ?
— ᠲᠠᠪᠤ ᠵᠢᠷᠭᠤᠭᠠᠨ ᠬᠥᠮᠦᠨ ᠪᠣᠯᠤᠯᠲᠠᠢ᠃ ᠬᠣᠭᠣᠷᠣᠨᠳᠣ ᠪᠠᠨ ᠨᠢᠭᠡ ᠶᠠᠭᠤᠮ᠎ᠠ ᠶᠠᠷᠢᠯᠴᠠᠬᠤ ᠶ᠋ᠢ ᠪᠢ ᠶᠡᠷᠦ ᠣᠢᠯᠠᠭᠠᠭᠰᠠᠨ ᠦᠭᠡᠢ᠃ ᠲᠦᠷᠦᠭᠦᠦ ᠨᠢ ᠪᠣᠯᠤᠯᠲᠠᠢ ᠰᠦᠪᠡᠭᠡ ᠲᠤᠯᠤᠭᠰᠠᠨ ᠵᠠᠨᠠᠭ ᠤ᠋ᠨ《ᠡᠬᠡ ᠶ᠋ᠢᠨ ᠬᠢᠨᠢ ᠤᠩᠬᠤᠷ᠁》 ᠭᠡᠵᠦ ᠭᠤᠷᠪᠠᠨ ᠦᠭᠡ ᠬᠡᠯᠡᠬᠦ ᠦᠭᠡᠢ ᠢᠩᠭᠢᠵᠦ ᠨᠢᠭᠡ ᠳᠠᠪᠤᠰᠤᠯᠠᠨ ᠬᠠᠷᠢᠶᠠᠳᠠᠭ ᠢ᠋ ᠨᠢ ᠣᠢᠯᠠᠭᠠᠯ᠎ᠠ ᠭᠡᠰᠡᠨ ᠳ᠋ᠦ᠍ ᠮᠠᠨᠴᠤᠷᠭ᠎ᠠ᠄
— ᠬᠠᠷ᠎ᠠ ᠨᠢᠳᠦᠲᠦ! ᠴᠢᠭᠢᠶᠡᠲᠦᠷᠦᠦ ᠬᠤᠢ! ᠡᠳᠡᠨᠥᠰ ᠬᠠᠮᠢᠭᠠᠰᠢ ᠪᠠᠨ ᠶᠠᠪᠤᠪᠠ? ᠭᠡᠵᠦ ᠠᠰᠠᠭᠤᠯ᠎ᠠ᠃
— ᠬᠠᠢ᠂ ᠬᠦᠢ! ᠭᠡᠳ ᠲᠡᠮᠡᠭᠡ ᠬᠥᠭᠡᠭᠡᠬᠦ ᠳᠠᠭᠤᠨ ᠵᠡᠭᠦᠨ ᠡᠮᠦᠨᠡᠰᠢ ᠬᠠᠨᠳᠤᠭᠰᠠᠨ ᠲᠥᠯᠥᠪᠲᠡᠢ᠃ ᠲᠡᠭᠡᠭᠡᠳ ᠴᠣᠬᠣᠮ ᠬᠠᠮᠢᠭᠠᠰᠢ ᠪᠠᠨ ᠵᠢᠯᠢᠢᠭᠰᠡᠨ ᠢ᠋ ᠮᠡᠳᠡᠭᠰᠡᠨ ᠦᠭᠡᠢ ᠠ᠋! ᠪᠢ ᠴᠢᠨᠢ ᠤᠶᠠᠭ᠎ᠠ ᠬᠦᠯᠢᠶᠡᠰᠦᠲᠡᠢ᠂ ᠪᠠᠰᠠ ᠲᠡᠭᠡᠭᠡᠳ ᠠᠮᠠᠨ ᠳ᠋ᠠᠭᠠᠨ ᠲᠠᠭᠯᠠᠭ᠎ᠠ ᠪᠥᠭᠯᠡᠭᠡᠰᠦᠲᠡᠢ ᠶᠦᠮ ᠴᠢᠨᠢ᠁
— ᠶᠠᠪᠤᠭᠠᠳ ᠤᠳᠠᠪᠠ ᠤᠤ?
— ᠨᠢᠭᠡ ᠴᠠᠢ ᠴᠢᠨᠠᠬᠤ ᠵᠠᠢ ᠪᠣᠯᠤᠭᠰᠠᠨ ᠳᠠ! ᠶᠠᠪᠤᠭᠰᠠᠨ ᠬᠥᠮᠦᠨ ᠶᠠᠭᠤᠨ ᠤᠳᠠᠨ᠎ᠠ ᠪᠣᠢ?! ᠨᠡᠯᠢᠶᠡᠳ ᠵᠠᠮ ᠬᠣᠷᠣᠭᠠᠭᠰᠠᠨ ᠪᠠᠢᠯᠭᠦᠢ!
— ᠡᠨᠡ ᠬᠠᠷ᠎ᠠ ᠨᠢᠳᠦᠲᠦ ᠭᠡᠭᠴᠢ᠂ ᠪᠥᠨᠲᠥᠭᠡᠷ ᠨᠢ ᠮᠥᠷᠦᠨ ᠡᠴᠡ ᠪᠡᠨ ᠤᠢᠳᠤᠭᠰᠠᠨ ᠵᠣᠯᠢᠭ᠃ ᠶᠠᠪᠤᠵᠤ ᠶᠠᠪᠤᠵᠤ ᠶᠠᠭᠳᠠᠭᠰᠠᠨ ᠮᠠᠭᠤ ᠡᠪᠦᠭᠡᠨ ᠢ᠋ ᠲᠣᠨᠣᠳᠠᠭ ᠨᠢ ᠶᠠᠭᠤ ᠪᠣᠢ? ᠴᠢᠭᠢᠶᠡᠲᠦᠷᠦᠦ! ᠡᠨᠡ ᠮᠠᠭᠤ ᠨᠣᠬᠠᠢ ᠶ᠋ᠢᠨ ᠰᠠᠭᠠᠷᠢ ᠶ᠋ᠢᠨ ᠬᠠᠮᠠᠷ ᠲᠤᠨᠢ ᠵᠢᠭᠠᠬᠠᠨ ᠤᠲᠤᠭ᠎ᠠ ᠣᠷᠣᠭᠤᠯᠵᠤ ᠥᠭᠭᠦᠶ᠎ᠡ! ᠪᠤᠰᠢᠭᠤᠬᠠᠨ ᠬᠥᠳᠡᠯᠦᠶ᠎ᠡ᠂ ᠭᠣᠢᠳᠣᠪ ᠠ᠋! ᠭᠡᠰᠡᠨ ᠳ᠋ᠦ᠍ ᠲᠡᠮᠡᠭᠡᠨ ᠦ᠌ ᠲᠦᠭᠵᠢᠷ ᠡᠪᠦᠭᠡᠨ᠄
— ᠬᠥᠶᠢ᠂ ᠴᠠᠢ ᠴᠤᠤ ᠤᠤᠭᠤᠭᠠᠳ ᠶᠠᠪᠤᠨ᠎ᠠ ᠪᠢᠵᠡ! ᠭᠡᠪᠡ᠃
— ᠲᠡᠮᠡᠭᠡᠳ ᠢ᠋ ᠴᠢᠨᠢ ᠠᠪᠤᠭᠠᠳ ᠪᠤᠴᠠᠯᠭᠠᠨ ᠳ᠋ᠠᠭᠠᠨ ᠢᠷᠡᠵᠦ ᠴᠠᠢ ᠤᠤᠭᠤᠶ᠎ᠠ! ᠭᠡᠳ ᠮᠠᠨᠴᠤᠷᠭ᠎ᠠ ᠬᠡᠳᠦᠭᠦᠯᠡ ᠲᠡᠨᠳᠡ ᠡᠴᠡ ᠱᠠᠯᠠᠪ ᠬᠥᠳᠡᠯᠪᠡ᠃
ᠮᠠᠨᠴᠤᠷᠭ᠎ᠠ᠂ ᠭᠣᠢᠳᠣᠪ ᠨᠠᠷ ᠲᠦᠭᠵᠢᠷᠵᠠᠪ ᠡᠪᠦᠭᠡᠨ ᠦ᠌ ᠬᠠᠶᠠᠭᠠᠨ ᠠ᠋ᠴᠠ ᠨᠡᠯᠢᠶᠡᠳ ᠵᠠᠢᠰ ᠶᠠᠪᠤᠵᠤ᠂ ᠬᠡᠲᠡ ᠴᠠᠬᠢᠭᠤᠷ ᠬᠠᠪᠢᠷᠤᠨ ᠭᠡᠷᠡᠯ ᠭᠠᠷᠭᠠᠨ ᠮᠣᠷᠢ ᠲᠡᠮᠡᠭᠡᠳ ᠦ᠋ᠨ ᠵᠡᠭᠦᠨ ᠡᠮᠦᠨᠡᠰᠢᠯᠡᠭᠰᠡᠨ ᠮᠥᠷ ᠢ᠋ ᠣᠯᠵᠤ ᠬᠠᠢᠨ ᠮᠥᠰᠬᠢᠪᠡ᠃
ᠡᠨᠡ ᠵᠦᠭ ᠢ᠋ ᠪᠠᠷᠢᠵᠤ ᠬᠣᠷᠢᠭᠠᠳ ᠭᠠᠵᠠᠷ ᠶᠠᠪᠤᠲᠠᠯ᠎ᠠ ᠨᠣᠣᠷᠬᠠᠢ ᠴᠠᠮᠪᠠᠨ ᠬᠡᠷᠡᠮ ᠦ᠋ᠨ ᠬᠦᠷᠢᠶ᠎ᠡ ᠲᠡᠢ᠂ ᠬᠣᠶᠠᠷ ᠲᠠᠰᠤᠯᠭ᠎ᠠ ᠰᠢᠪᠠᠷ ᠪᠠᠢᠰᠢᠩ ᠪᠦᠦᠷ ᠲᠦᠦᠷ ᠦᠵᠡᠭᠳᠡᠪᠡ᠃ ᠬᠠᠶᠠᠭᠠᠨ ᠳ᠋ᠤᠨᠢ ᠬᠡᠳᠦᠨ ᠮᠣᠷᠢᠳ ᠤᠶᠠᠭᠠᠲᠠᠢ᠃ ᠴᠠᠭᠠᠨ᠎ᠠ ᠲᠡᠮᠡᠭᠡ ᠪᠤᠢᠯᠠᠬᠤ ᠳᠠᠭᠤᠨ ᠭᠠᠷᠤᠨ᠎ᠠ᠃
— ᠬᠠᠷ᠎ᠠ ᠨᠢᠳᠦᠲᠦ ᠡᠨᠳᠡ ᠪᠠᠭᠤᠭᠰᠠᠨ ᠶᠠᠩᠵᠤᠲᠠᠢ! ᠭᠡᠵᠦ ᠭᠣᠢᠳᠣᠪ ᠬᠡᠯᠡᠬᠦ ᠳ᠋ᠦ᠍ ᠮᠠᠨᠴᠤᠷᠭ᠎ᠠ᠄
— ᠶᠠᠭ ᠲᠡᠢᠮᠦ ᠪᠠᠢᠨ᠎ᠠ᠃ ᠮᠥᠨ ᠡᠨᠳᠡ ᠨᠢ ᠶᠠᠭᠤ ᠬᠠᠢ ᠦᠭᠡᠢ ᠳᠠᠷᠤᠵᠤ ᠤᠷᠭᠢᠶ᠎ᠠ! ᠭᠡᠪᠡ᠃
— ᠦᠭᠡᠢ᠂ ᠤᠷᠢᠳ ᠢ᠋ᠶ᠋ᠠᠷ ᠮᠣᠷᠢᠳ ᠢ᠋ ᠨᠢ ᠲᠠᠰᠤᠯᠵᠤ ᠬᠥᠭᠡᠭᠡᠶ᠎ᠡ! ᠭᠡᠵᠦ ᠰᠣᠳᠨᠠᠮ ᠢ᠋ ᠬᠡᠯᠡᠬᠦ ᠳ᠋ᠦ᠍ ᠭᠣᠢᠳᠣᠪ ᠲᠣᠰᠴᠤ᠄
— ᠰᠣᠳᠨᠠᠮ ᠠᠬ᠎ᠠ ᠶ᠋ᠢᠨ ᠬᠡᠯᠡᠬᠦ ᠵᠥᠪ! ᠭᠠᠬᠠᠢ ᠶᠠᠪᠠᠭᠠᠨ ᠪᠣᠯᠭᠠᠴᠢᠬᠠᠪᠠᠯ ᠲᠡᠳᠡᠨᠦᠰ ᠦᠰᠦᠷᠦᠭᠡᠳ ᠬᠠᠮᠢᠭ᠎ᠠ ᠬᠦᠷᠬᠦ ᠪᠣᠢ?! ᠭᠡᠰᠡᠨ ᠳ᠋ᠦ᠍ ᠮᠠᠨᠴᠤᠷᠭ᠎ᠠ᠄
— ᠵᠥᠪ᠂ ᠵᠥᠪ! ᠭᠡᠵᠦ ᠪᠢᠲᠡᠭᠦᠬᠡᠨ ᠢᠨᠢᠶᠡᠬᠦ ᠳ᠋ᠦ᠍᠂ ᠰᠣᠳᠨᠠᠮ ᠲᠡᠷᠡ ᠵᠠᠪ ᠦᠭᠡᠢ ᠥᠨᠥᠬᠢ ᠮᠣᠷᠢᠳ ᠤ᠋ᠨ ᠬᠢᠨᠢ ᠳᠡᠷᠭᠡᠳᠡ ᠬᠦᠷᠪᠡ᠃
ᠰᠣᠳᠨᠠᠮ ᠮᠣᠷᠢᠳ ᠤ᠋ᠨ ᠬᠢᠨᠢ ᠲᠤᠰᠢᠶ᠎ᠠ ᠴᠤᠯᠪᠤᠭᠤᠷ ᠢ᠋ ᠲᠠᠰᠤᠳᠠᠬᠤ ᠭᠡᠵᠦ ᠲᠠᠰᠢᠶᠠᠨ ᠠ᠋ᠴᠠ ᠪᠠᠨ ᠬᠢᠲᠤᠭ᠎ᠠ ᠪᠠᠨ ᠰᠤᠭᠤᠯᠵᠤ ᠵᠠᠪᠳᠤᠪᠠ ᠤᠤ ᠦᠭᠡᠢ ᠤᠤ? ᠭᠡᠨᠡᠳᠲᠡ ᠫᠠᠩ ᠭᠡᠬᠦ ᠫᠤᠤ ᠶ᠋ᠢᠨ ᠳᠠᠭᠤᠨ ᠳ᠋ᠤ᠌ ᠰᠣᠳᠨᠠᠮ ᠮᠣᠭᠵᠣᠢᠨ ᠣᠢᠴᠢᠪᠠ᠃
ᠴᠣᠴᠢᠮᠠᠭ ᠳᠤᠤᠭᠠᠷᠤᠭᠰᠠᠨ ᠫᠤᠤ ᠶ᠋ᠢᠨ ᠳᠠᠭᠤᠨ ᠢ᠋ᠶ᠋ᠠᠷ ᠮᠠᠨᠴᠤᠷᠭ᠎ᠠ ᠨᠠᠷ ᠰᠣᠴᠢᠰᠬᠢᠨ ᠬᠡᠳᠦᠨ ᠲᠠᠢᠰᠢ ᠪᠤᠲᠠᠷᠠᠨ ᠵᠠᠢᠯᠠᠬᠤ ᠭᠡᠲᠡᠯ᠎ᠡ ᠴᠠᠮᠪᠠᠨ ᠬᠡᠷᠡᠮ ᠦ᠋ᠨ ᠢᠷᠣᠭᠠᠷ ᠲᠤ ᠪᠦᠭᠭᠦᠨ ᠬᠡᠪᠲᠡᠵᠦ ᠠᠭᠰᠠᠨ ᠬᠡᠳᠦᠨ ᠪᠠᠷᠠᠭᠠᠨ ᠬᠤᠪᠴᠠᠰᠤ ᠲᠠᠢ ᠡᠷ᠎ᠡ ᠵᠠᠷᠢᠮ ᠤ᠋ᠨ ᠬᠢᠨᠢ ᠮᠣᠷᠢᠳ ᠤ᠋ᠨ ᠵᠢᠯᠣᠭᠣ ᠶ᠋ᠢ ᠰᠢᠭᠦᠷᠡᠵᠦ ᠠᠪᠤᠭᠰᠠᠨ ᠪᠠᠢᠵᠠᠢ᠃ ᠭᠣᠢᠳᠤᠪ ᠤ᠋ᠨ ᠤᠨᠤᠭᠰᠠᠨ ᠬᠠᠷ᠎ᠠ ᠬᠡᠭᠡᠷ ᠮᠣᠷᠢ ᠬᠠᠵᠠᠭᠤ ᠠ᠋ᠴᠠ ᠨᠢ ᠨᠠᠪᠲᠠᠰᠬᠢᠨ ᠪᠣᠰᠤᠭᠰᠠᠨ ᠪᠠᠷᠠᠭᠠᠨ ᠰᠡᠭᠦᠳᠡᠷ ᠡᠴᠡ ᠦᠷᠭᠦᠵᠦ ᠣᠮ ᠬᠣᠮ ᠦᠭᠡᠢ ᠳᠠᠪᠬᠢᠪᠠ᠃ ᠵᠢᠯᠣᠭᠣ ᠠ᠋ᠴᠠ ᠨᠢ ᠰᠢᠭᠦᠷᠡᠵᠦ ᠵᠠᠪᠳᠤᠭᠰᠠᠨ ᠦᠭᠡᠢ ᠲᠡᠷᠡ ᠪᠠᠷᠠᠭᠠᠨ ᠰᠡᠭᠦᠳᠡᠷ ᠭᠣᠢᠳᠤᠪ ᠤ᠋ᠨ ᠳᠠᠪᠬᠢᠵᠤ ᠣᠳᠤᠭᠰᠠᠨ ᠲᠡᠷᠡ ᠵᠦᠭ ᠤᠭᠰᠠᠷᠠᠭ᠎ᠠ ᠪᠠᠷ ᠬᠡᠳᠦ ᠫᠤᠤᠳᠠᠵᠤ ᠠᠮᠵᠢᠪᠠ᠃ ᠲᠣᠯᠣᠭᠠᠢ ᠳᠡᠭᠡᠭᠦᠷ ᠱᠤᠤᠭᠢᠭᠰᠠᠨ ᠰᠤᠮᠤ ᠰᠢᠪ᠂ ᠰᠢᠪ ᠭᠡᠵᠦ ᠴᠢᠬᠢ ᠱᠤᠤᠭᠢᠭᠤᠯᠤᠨ ᠢᠰᠬᠡᠷᠬᠦ ᠳ᠋ᠦ᠍ ᠦᠷᠭᠦᠮᠡᠲᠡᠭᠡᠢ ᠬᠠᠷ᠎ᠠ ᠬᠡᠭᠡᠷ ᠦ᠋ᠨ ᠲᠠᠰᠢᠶᠠᠨ ᠳ᠋ᠤ᠌ ᠲᠠᠰᠢᠭᠤᠷ ᠨᠡᠮᠡᠭᠰᠡᠨ ᠰᠢᠭ ᠨᠢᠳᠦ ᠮᠠᠳ ᠦᠭᠡᠢ ᠳᠣᠪᠲᠣᠯᠤᠨ᠎ᠠ᠁
ᠨᠠᠨ ᠭᠡᠨᠡᠳᠲᠡ ᠶ᠋ᠢᠨ ᠲᠤᠯᠤᠯᠳᠤᠭᠠᠨ ᠪᠣᠯᠤᠭᠰᠠᠨ ᠰᠣᠴᠢᠭᠠᠨ ᠳ᠋ᠤ᠌ ᠮᠠᠨᠴᠤᠷᠭ᠎ᠠ ᠮᠣᠷᠢᠨ ᠤ᠋ ᠪᠠᠨ ᠪᠦᠭᠦᠷᠭᠡ ᠡᠴᠡ ᠡᠯᠭᠦᠭᠳᠡᠵᠦ ᠪᠡᠶ᠎ᠡ ᠪᠡᠨ ᠬᠠᠯᠬᠠᠯᠠᠭᠠᠳ᠄
— ᠬᠠᠷ᠎ᠠ ᠨᠢᠳᠦᠲᠦ ᠠ᠋! ᠴᠢ ᠠᠬ᠎ᠠ ᠳᠡᠭᠦᠦ ᠨᠠᠷ ᠢ᠋ᠶ᠋ᠠᠨ ᠶᠠᠭᠠᠬᠢᠵᠤ ᠪᠠᠢᠭ᠎ᠠ ᠨᠢ ᠡᠨᠡ ᠪᠣᠢ⁈ ᠠᠩ? ᠭᠡᠵᠦ ᠵᠠᠩᠳᠤᠷᠤᠭᠰᠠᠨ ᠳᠤᠤᠭᠠᠷᠤᠭᠰᠠᠨ ᠳ᠋ᠤ᠌᠂ ᠬᠠᠷ᠎ᠠ ᠨᠢᠳᠦᠲᠦ ᠴᠠᠭᠠᠨ᠎ᠠ ᠠ᠋ᠴᠠ ᠮᠠᠨᠴᠤᠷᠭ᠎ᠠ ᠶ᠋ᠢ ᠬᠠᠷᠠᠩᠭᠤᠢ ᠳ᠋ᠤ᠌ ᠬᠠᠮᠢᠶ᠎ᠠ ᠪᠠᠢᠬᠤ ᠵᠦᠭ ᠲᠥᠯᠥᠪ ᠢ᠋ ᠨᠢ ᠮᠡᠳᠡᠵᠦ᠄
— ᠣ! ᠮᠠᠨᠴᠤ ᠠᠬ᠎ᠠ ᠤᠤ? ᠡᠨᠳᠡᠭᠦᠷᠡᠯ! ᠠᠬ᠎ᠠ ᠳᠡᠭᠦᠦ ᠨᠠᠷ ᠠ᠋᠂ ᠫᠤᠤ ᠪᠠᠨ ᠬᠤᠢᠯᠠ! ᠭᠡᠵᠦ ᠨᠥᠭᠥᠭᠡᠳᠦᠭᠦᠯᠡ ᠳ᠋ᠡᠭᠡᠨ ᠵᠠᠷᠯᠢᠭ ᠪᠣᠯᠪᠠ᠃
ᠮᠠᠨᠴᠤᠷᠭ᠎ᠠ ᠬᠠᠷ᠎ᠠ ᠨᠢᠳᠦᠲᠦ ᠶ᠋ᠢ ᠡᠨᠳᠡ ᠪᠠᠢᠭ᠎ᠠ ᠳ᠋ᠤ᠌ ᠦᠬᠦᠨ ᠢᠲᠡᠭᠡᠵᠦ《ᠵᠢᠷᠤᠮ ᠤ᠋ᠨ ᠠᠬ᠎ᠠ ᠶ᠋ᠢᠨ ᠣᠮᠣᠭ ᠢ᠋ᠶ᠋ᠠᠷ ᠲᠡᠭᠦᠨ ᠢ᠋ ᠣᠮᠣᠭᠳᠠᠵᠤ ᠰᠠᠢᠨ ᠨᠢᠭᠡ ᠵᠠᠩᠨᠠᠶᠠ ᠪᠠᠢᠵᠠ! ᠶᠠᠪᠤᠵᠤ ᠶᠠᠪᠤᠵᠤ ᠶᠠᠭᠳᠠᠭᠰᠠᠨ ᠮᠠᠭᠤ ᠭᠣᠣᠨᠢ ᠡᠪᠦᠭᠡᠨ ᠢ᠋ ᠲᠤᠨᠤᠬᠤ ᠳᠡᠭᠡᠷ᠎ᠡ ᠲᠤᠯᠪᠠ ᠤᠤ? ᠴᠢᠭᠢᠶᠡᠲᠦᠷᠦᠦ!》 ᠭᠡᠵᠦ ᠳᠣᠲᠣᠷ᠎ᠠ ᠪᠠᠨ ᠠᠭᠤᠷ ᠨᠢ ᠬᠦᠷᠴᠦ ᠮᠣᠷᠢᠨ ᠠ᠋ᠴᠠ ᠪᠠᠨ ᠪᠠᠭᠤᠭᠰᠠᠨ ᠳ᠋ᠤ᠌ ᠬᠠᠷ᠎ᠠ ᠨᠢᠳᠦᠲᠦ᠄
— ᠮᠠᠨᠴᠤ ᠠᠬ᠎ᠠ ᠶ᠋ᠢᠨ ᠮᠣᠷᠢ ᠶ᠋ᠢ ᠱᠣᠩ ᠳᠡᠭᠡᠷ᠎ᠡ ᠠᠪᠠᠴᠢᠵᠤ ᠤᠶᠠ! ᠭᠡᠵᠦ ᠬᠠᠵᠠᠭᠤᠳᠠᠬᠢ ᠳ᠋ᠠᠭᠠᠨ ᠵᠠᠬᠢᠵᠤ《ᠵᠠ᠂ ᠮᠠᠨᠴᠤ ᠠᠬ᠎ᠠ ᠭᠡᠷ ᠲᠦ᠍ ᠣᠷᠣ! ᠬᠡᠳᠦᠨ ᠬᠤᠨᠳᠠᠭ᠎ᠠ ᠳᠣᠭᠰᠢᠨ ᠰᠠᠷᠬᠤᠳ ᠪᠠᠯᠭᠤᠵᠤ ᠰᠣᠴᠢᠶᠠ ᠪᠠᠨ ᠳᠠᠷᠤ!》 ᠭᠡᠵᠦ ᠲᠡᠭᠦᠨ ᠢ᠋ ᠶᠡᠬᠡᠳᠡ ᠬᠦᠨᠳᠦᠯᠦᠨ ᠮᠠᠨᠴᠤᠷᠭ᠎ᠠ ᠶ᠋ᠢᠨ ᠠᠷᠤ ᠠ᠋ᠴᠠ ᠪᠣᠷᠪᠢᠳᠡᠨ ᠳᠠᠭᠠᠵᠤ ᠶᠠᠪᠤᠬᠤ ᠳ᠋ᠠᠭᠠᠨ ᠨᠥᠭᠥᠭᠡᠳᠦᠭᠦᠯᠡ ᠳ᠋ᠡᠭᠡᠨ《ᠭᠠᠷ ᠲᠤ ᠥᠭᠲᠡᠭᠰᠡᠨ ᠪᠦᠭᠦᠳᠡ ᠶ᠋ᠢ ᠲᠣᠨᠢᠯᠭ᠎ᠠ!》 ᠭᠡᠰᠡᠨ ᠳᠠᠯᠳᠠ ᠳᠣᠬᠢᠶ᠎ᠠ ᠥᠭᠴᠦ᠂ ᠮᠠᠨᠴᠤᠷᠭ᠎ᠠ ᠶ᠋ᠢ ᠰᠢᠪᠡᠷ ᠪᠠᠢᠰᠢᠩ ᠤ᠋ᠨ ᠬᠠᠲᠠᠪᠴᠢ ᠠᠯᠬᠤᠬᠤ ᠲᠠᠢ ᠵᠡᠷᠭᠡ ᠫᠠᠩ ᠬᠢᠨ ᠠᠷᠤ ᠠ᠋ᠴᠠ ᠨᠢ ᠭᠠᠪᠠᠯᠠ ᠤᠷᠤᠭᠤ ᠨᠢ ᠭᠠᠭᠴᠠᠬᠠᠨ ᠫᠤᠤᠳᠠᠪᠠ᠃
ᠪᠥᠬᠡ ᠰᠢᠭ ᠪᠦᠳᠦᠭᠦᠨ ᠡᠷ᠎ᠡ ᠬᠢᠮᠤᠰᠤᠨ ᠴᠢᠨᠡᠭᠡ ᠵᠢᠵᠢᠭ ᠰᠤᠮᠤᠨ ᠳ᠋ᠤ᠌ ᠲᠠᠢᠯᠳᠠᠵᠤ᠂ ᠮᠠᠭᠤ ᠰᠢᠪᠠᠷ ᠪᠠᠢᠰᠢᠩ ᠤ᠋ᠨ ᠬᠠᠲᠠᠪᠴᠢᠨ ᠳ᠋ᠤ᠌ ᠬᠦᠱ ᠬᠢᠨ ᠬᠦᠴᠦᠲᠡᠢ ᠣᠢᠴᠢᠪᠠ᠃
ᠮᠠᠨᠴᠤᠷᠭ᠎ᠠ ᠶ᠋ᠢ ᠣᠢᠴᠢᠬᠤ ᠲᠠᠢ ᠵᠡᠷᠭᠡ ᠭᠠᠳᠠᠨ᠎ᠠ ᠫᠢᠩ᠂ ᠫᠠᠩ ᠭᠡᠵᠦ ᠫᠤᠤ ᠳᠤᠤᠭᠠᠷᠤᠭᠰᠠᠨ ᠳ᠋ᠤ᠌ ᠳᠤᠲᠠᠭᠠᠵᠤ ᠵᠠᠪᠳᠤᠭᠰᠠᠨ ᠦᠭᠡᠢ ᠬᠡᠳᠦ ᠨᠢ ᠠᠮᠢ ᠪᠠᠨ ᠠᠯᠳᠠᠵᠠᠢ᠃
ᠦᠦᠷ ᠬᠠᠶᠠᠭᠠᠷᠠᠬᠤ ᠳ᠋ᠤ᠌ ᠭᠣᠢᠳᠤᠪ ᠲᠡᠮᠡᠭᠡᠨ ᠦ᠌ ᠡᠷᠢᠯ ᠦ᠋ᠨ ᠬᠥᠮᠦᠨ ᠢ᠋ᠶ᠋ᠡᠷ ᠶᠠᠩᠵᠤᠯᠠᠵᠤ ᠲᠡᠷᠡ ᠰᠢᠪᠡᠷ ᠪᠠᠢᠰᠢᠩ ᠲᠠᠢ ᠠᠢᠯ ᠤ᠋ᠨ ᠬᠠᠶᠠᠭᠠᠨ ᠳ᠋ᠤ᠌ ᠣᠴᠢᠪᠠᠯ᠂ ᠡᠨᠳᠡ ᠶᠠᠮᠠᠷ ᠴᠤ᠌ ᠤᠴᠢᠷ ᠪᠣᠯᠵᠤ ᠥᠩᠭᠡᠷᠡᠭᠰᠡᠨ ᠦᠭᠡᠢ ᠰᠢᠭ ᠨᠠᠮ ᠵᠢᠮ ᠪᠠᠢᠯ᠎ᠠ᠃
ᠡᠨᠳᠡ ᠲᠡᠨᠳᠡ ᠲᠣᠯᠣᠭᠠᠢ ᠦᠭᠡᠢ ᠬᠡᠳᠦᠨ ᠮᠣᠩᠭᠣᠯ ᠲᠡᠷᠯᠢᠭ ᠲᠡᠢ ᠦᠬᠦᠳᠡᠯ ᠬᠡᠭᠦᠷ ᠤᠨᠳᠤᠢ ᠰᠤᠨᠳᠤᠢ ᠭᠤᠯᠳᠤᠢᠨᠠ᠃
ᠰᠢᠪᠡᠷ ᠪᠠᠢᠰᠢᠩ ᠤ᠋ᠨ ᠬᠠᠲᠠᠪᠴᠢ ᠪᠠᠷ ᠪᠤᠯᠢᠭᠠᠷᠢ ᠭᠤᠲᠤᠯ ᠤ᠋ᠨ ᠲᠦᠷᠡᠢ ᠬᠠᠷᠠᠭᠳᠠᠬᠤ ᠪᠠᠷ ᠭᠦᠶᠦᠨ ᠣᠴᠢᠪᠠᠯ ᠮᠠᠨᠴᠤᠷᠭ᠎ᠠ ᠡᠯᠢᠭᠡ ᠲᠦᠷᠦᠭᠦᠰᠢ ᠪᠡᠨ ᠣᠢᠴᠢᠭᠰᠠᠨ ᠬᠡᠪ ᠢ᠋ᠶ᠋ᠡᠷ ᠢ᠋ᠶ᠋ᠡᠨ᠁ ᠮᠥᠨ ᠯᠡ ᠲᠣᠯᠣᠭᠠᠢ ᠶ᠋ᠢ ᠨᠢ ᠬᠢᠷᠥᠭᠡᠳᠡᠭᠰᠡᠨ ᠡᠴᠡ ᠬᠥᠰᠡᠷ ᠤᠷᠤᠰᠤᠭᠰᠠᠨ ᠬᠦᠷᠡᠩ ᠬᠠᠷ᠎ᠠ ᠴᠢᠰᠤ ᠲᠤᠯᠭᠠᠨ ᠤ᠋ ᠠᠮᠠᠰᠠᠷ ᠢ᠋ ᠪᠣᠳᠣᠵᠤ ᠡᠯᠢᠭᠡᠷᠡᠨ ᠲᠤᠨᠵᠠᠢ᠃
ᠡᠨᠡ ᠰᠢᠪᠡᠷ ᠪᠠᠢᠰᠢᠩ ᠤ᠋ᠨ ᠡᠵᠡᠨ ᠨᠢ ᠴᠦ᠍ ᠪᠠᠷ᠎ᠠ ᠳᠣᠷᠣ ᠦᠭᠡᠢ ᠬᠠᠮᠢᠭᠠᠰᠢ ᠠᠷᠢᠯᠤᠭᠰᠠᠨ ᠢ᠋ ᠮᠡᠳᠡᠬᠦ ᠦᠭᠡᠢ᠃
ᠭᠣᠢᠳᠤᠪ᠂ ᠮᠠᠨᠴᠤᠷᠭ᠎ᠠ ᠶ᠋ᠢᠨ ᠱ᠌ᠢᠷᠦᠨ ᠵᠢᠩᠰᠡ ᠲᠡᠢ ᠬᠥᠬᠦᠦᠷ᠂ ᠬᠢᠲᠤᠭ᠎ᠠ᠂ ᠫᠤᠤ ᠵᠠᠪᠰᠠᠩ ᠵᠡᠷᠭᠡ ᠪᠡᠶ᠎ᠡ ᠳ᠋ᠡᠭᠡᠨ ᠦᠷᠬᠦᠢ ᠠᠪᠴᠤ ᠶᠠᠪᠤᠳᠠᠭ ᠵᠦᠢᠯ ᠡᠴᠡ ᠨᠢ ᠣᠯᠵᠤ ᠠᠪᠤᠨ ᠭᠡᠷ ᠲᠦ᠋ᠨᠢ ᠦᠭᠬᠦ ᠶᠤᠮᠰᠠᠨ ᠭᠡᠵᠦ ᠡᠪᠦᠷ ᠳᠠᠯᠢᠶᠠᠷ ᠢ᠋ ᠨᠢ ᠲᠡᠮᠲᠡᠷᠢᠪᠡᠯ ᠶᠠᠭᠤ ᠴᠤ᠌ ᠣᠯᠳᠠᠭᠰᠠᠨ ᠦᠭᠡᠢ᠃ ᠠᠳᠠᠭ ᠨᠢ ᠬᠤᠷᠤᠭᠤᠨ ᠳ᠋ᠠᠬᠢ ᠸᠴᠢᠷ ᠬᠡ ᠲᠡᠢ ᠮᠥᠩᠭᠥᠨ ᠪᠦᠯᠡᠵᠢᠩ ᠢ᠋ ᠨᠢ ᠬᠦᠷᠲᠡᠯ᠎ᠡ ᠦᠯᠡᠳᠡᠭᠡᠭᠰᠡᠨ ᠦᠭᠡᠢ ᠮᠤᠯᠲᠤᠯᠵᠠᠢ᠃
ᠭᠣᠢᠳᠤᠪ ᠡᠮᠨᠢᠭ ᠠᠭᠲᠠ ᠤᠨᠤᠭᠰᠠᠨ ᠤ᠋ ᠰᠠᠢᠨ ᠢ᠋ᠶ᠋ᠠᠷ ᠠᠮᠢ ᠭᠠᠷᠤᠭᠰᠠᠨ ᠭᠡᠵᠦ ᠲᠡᠳᠦᠢ ᠶᠡᠬᠡ ᠪᠣᠳᠣᠯ ᠥᠮᠴᠢᠷᠬᠡᠭᠰᠡᠨ ᠦᠭᠡᠢ ᠬᠠᠷᠢᠨ ᠬᠠᠨᠢ ᠠᠬ᠎ᠠ ᠳᠡᠭᠦᠦ ᠪᠠᠨ ᠢᠩᠭᠢᠵᠦ ᠬᠠᠷᠠᠰᠠᠯᠲᠠᠢ ᠠᠯᠳᠠᠭᠰᠠᠨ ᠳ᠋ᠠᠭᠠᠨ ᠡᠮᠭᠡᠨᠢᠨ ᠭᠠᠰᠢᠭᠤᠳᠠᠵᠤ ᠨᠢᠯᠪᠤᠰᠤ ᠤᠨᠠᠭᠠᠪᠠ᠃
ᠲᠡᠮᠡᠭᠡᠨ ᠦ᠌ ᠡᠪᠦᠭᠡᠨ ᠲᠦᠭᠵᠢᠷᠵᠠᠪ ᠭᠤᠸᠠᠢ ᠴᠠᠢ ᠪᠠᠨ ᠪᠤᠴᠠᠯᠭᠠᠨ ᠪᠤᠴᠠᠯᠭᠠᠨ ᠵᠡᠭᠦᠨ ᠡᠮᠦᠨᠡᠰᠢ ᠰᠠᠷᠠᠪᠴᠢᠯᠠᠵᠤ《ᠮᠠᠨᠴᠤᠷᠭ᠎ᠠ ᠵᠠᠪᠠᠯ ᠢᠷᠡᠬᠦ ᠤᠬᠠᠭᠠᠨ ᠲᠠᠢ ᠶᠤᠮ ᠠ᠋!》 ᠭᠡᠵᠦ ᠳᠦᠳᠦᠨᠡᠨ ᠭᠠᠳᠠᠨ᠎ᠠ ᠨᠢᠭᠡ ᠭᠠᠷᠴᠤ᠂ ᠭᠡᠷ ᠲᠤ ᠨᠢᠭᠡ ᠣᠷᠣᠵᠤ ᠲᠣᠭᠲᠠᠪᠤᠷᠢ ᠠᠯᠳᠠᠨ᠎ᠠ᠃
ᠲᠡᠭᠷᠢ ᠶ᠋ᠢᠨ ᠠᠯᠤᠰ ᠬᠢᠵᠠᠭᠠᠷ ᠮᠠᠨᠠᠳᠤᠭᠰᠠᠨ ᠳᠠᠯᠠᠢ ᠶ᠋ᠢᠨ ᠲᠦᠪᠰᠢᠨ ᠡᠴᠡ ᠨᠠᠷᠠ ᠰᠤᠪᠤᠷᠠᠨ ᠳᠡᠭᠳᠡᠵᠦ ᠤᠷᠭᠤᠭ᠎ᠠ ᠪᠥᠮᠪᠥᠭᠡ ᠰᠢᠭ ᠤᠳᠠᠯ ᠦᠭᠡᠢ ᠤᠷᠭ᠎ᠠ ᠪᠠᠷᠢᠮ᠎ᠠ ᠥᠨᠳᠥᠷ ᠬᠦᠬᠷᠪᠡ᠃
ᠲᠡᠭᠡᠬᠦ ᠳ᠋ᠦ᠍ ᠵᠡᠭᠦᠨ ᠡᠮᠦᠨ᠎ᠡ ᠡᠴᠡ ᠰᠢᠷᠡᠭᠡ ᠪᠦᠬᠦ ᠲᠡᠢ ᠲᠡᠮᠡᠭᠡᠳ ᠨᠢ ᠤᠨᠢᠶᠠᠷ ᠬᠦᠳᠡᠩ ᠢ᠋ ᠤᠢᠮᠤᠵᠤ ᠨᠢᠭᠡ᠁ ᠬᠣᠶᠠᠷ᠁ ᠭᠡᠮᠡᠨ ᠲᠠᠢᠪᠤᠭᠤᠬᠠᠨ ᠨᠠᠭᠠᠰᠢᠯᠠᠬᠤ ᠶᠢ ᠬᠠᠷᠠᠵᠤ ᠵᠣᠭᠰᠣᠭᠰᠠᠨ ᠲᠦᠭᠵᠢᠷᠵᠠᠪ ᠤᠨ ᠬᠥᠬᠡ ᠪᠣᠷᠣ ᠨᠢᠳᠦᠨ ᠳᠦ ᠨᠢᠯᠪᠤᠰᠤ ᠬᠤᠷᠠᠵᠠᠢ ᠁
ᠦᠰᠦᠭ ᠠᠮᠢᠯᠠᠭᠤᠯᠤᠭᠰᠠᠨ ᠨᠢ᠄ <ᠬᠡᠯᠡ ᠪᠢᠴᠢᠭ> ᠬᠣᠯᠪᠣᠭ᠎ᠠ
