ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠭᠤᠷᠪᠠ Үүрийн туяа II – Б ᠂ Ренчин Хоёрдугаар дэвтэр "Гал усны гашуун зовлон"-3 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠭᠤᠷᠪᠠ Үүрийн туяа II – Б ᠂ Ренчин Хоёрдугаар дэвтэр "Гал усны гашуун зовлон"-3

ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠭᠤᠷᠪᠠ Үүрийн туяа II – Б ᠂ Ренчин Хоёрдугаар дэвтэр "Гал усны гашуун зовлон"-3

ᠠᠩᠭᠢᠯᠠᠯ:ᠲᠤᠭᠤᠵᠢ ᠷᠣᠮᠠᠨ
2024-12-22

508

ᠭᠤᠷᠪᠠ᠂ ᠦᠬᠦᠭᠰᠡᠨ ᠪᠤᠤᠷ᠎ᠠ ᠶ᠋ᠢᠨ ᠲᠣᠯᠣᠭᠠᠢ ᠠ᠋ᠴᠠ ᠠᠮᠢᠳᠤ ᠡᠨᠳᠡ ᠠᠶᠤᠳᠠᠭ

       
                 ᠬᠣᠰᠢᠭᠤ ᠨᠢ ᠡᠪᠡᠰᠦ ᠴᠢᠮᠬᠢᠬᠦ ᠲᠡᠩᠬᠡᠭᠡ ᠦᠭᠡᠢ᠃       
                                         ᠳ᠋ᠠᠨᠲ᠋ᠸ  

       ᠠᠷᠭ᠎ᠠ ᠶ᠋ᠢᠨ ᠠᠷᠪᠠᠨ ᠨᠢᠭᠡᠨ ᠰᠠᠷ᠎ᠠ ᠶ᠋ᠢᠨ ᠲᠤᠩᠭᠠᠯᠠᠭ ᠨᠢᠭᠡᠨ ᠥᠷᠯᠥᠭᠡ ᠶ᠋ᠢᠨ ᠨᠠᠮ ᠭᠦᠮ ᠳ᠋ᠦ᠍᠂ ᠤᠯᠢᠶᠠᠰᠤᠲᠠᠢ ᠶ᠋ᠢᠨ ᠬᠤᠳᠠᠯᠳᠤᠭᠠᠨ ᠤ᠋ ᠬᠣᠲᠠ ᠪᠠᠷ ᠮᠠᠨᠵᠤ ᠴᠡᠷᠢᠭ ᠦ᠋ᠨ ᠪᠦᠷᠢᠶᠡᠨ ᠦ᠌ ᠬᠠᠰᠬᠢᠷᠤᠭ᠎ᠠ ᠶᠡᠬᠡᠳᠡ ᠳᠠᠭᠤᠨ ᠴᠠᠩᠭᠢᠨᠠᠨ ᠳᠠᠭᠤᠷᠢᠰᠴᠤ᠂ ᠰᠠᠩ ᠤ᠋ᠨ ᠬᠣᠲᠠ ᠭᠡᠳᠡᠭ ᠴᠠᠢᠵᠠ ᠶ᠋ᠢᠨ ᠬᠠᠭᠠᠯᠭ᠎ᠠ ᠴᠠᠯᠠᠢᠲᠠᠯ᠎ᠠ ᠨᠡᠭᠡᠭᠡᠭᠳᠡᠨ᠂ ᠮᠠᠨᠵᠤ ᠴᠡᠷᠢᠭ ᠣᠯᠠᠨ ᠥᠩᠭᠡ ᠶ᠋ᠢᠨ ᠲᠣᠷᠭᠠᠮᠰᠤᠭ ᠲᠤᠭ ᠨᠠᠮᠢᠷᠠᠭᠤᠯᠤᠨ᠂ ᠪᠠᠭ ᠪᠠᠭ ᠢ᠋ᠶ᠋ᠠᠷ ᠵᠢᠭᠰᠠᠨ ᠭᠠᠷᠴᠤ ᠢᠷᠡᠪᠡ᠃ ᠠᠷᠤ ᠥᠪᠥᠷ ᠳᠡᠭᠡᠷ᠎ᠡ ᠪᠡᠨ ᠲᠥᠭᠥᠷᠢᠭ ᠴᠠᠭᠠᠨ ᠤᠯᠠᠭᠠᠨ ᠲᠡᠮᠳᠡᠭ ᠦ᠋ᠨ ᠳᠣᠲᠣᠷ᠎ᠠ ᠴᠡᠷᠢᠭ ᠦ᠋ᠨ ᠠᠩᠭᠢ ᠲᠥᠷᠥᠯ ᠢ᠋ ᠬᠠᠷ᠎ᠠ ᠦᠰᠦᠭ ᠢ᠋ᠶ᠋ᠡᠷ ᠪᠢᠴᠢᠭᠰᠡᠨ ᠲᠣᠮᠣ ᠬᠠᠷ᠎ᠠ ᠦᠰᠦᠭ ᠲᠡᠢ᠂ ᠬᠥᠪᠥᠩ ᠲᠡᠢ ᠰᠢᠪ ᠰᠢᠨ᠎ᠡ ᠬᠠᠷ᠎ᠠ ᠬᠦᠷᠮ᠎ᠡ᠂ ᠬᠥᠪᠥᠩ ᠲᠡᠢ ᠴᠣ ᠰᠢᠨ᠎ᠡ ᠬᠠᠷ᠎ᠠ ᠥᠮᠥᠳᠥ ᠲᠡᠢ ᠴᠡᠷᠢᠭ᠂ ᠪᠡᠶ᠎ᠡ ᠶ᠋ᠢᠨ ᠰᠤᠷᠭᠠᠯ ᠬᠢᠳᠡᠭ ᠲᠠᠯᠠᠪᠤᠷ ᠤ᠋ᠨ ᠵᠦᠭ ᠨᠢᠷ ᠨᠢᠷ ᠠᠯᠬᠤᠯᠠᠨ ᠴᠢᠭᠯᠡᠪᠡ᠃ 
       ᠮᠣᠩᠭᠣᠯ ᠴᠡᠷᠢᠭ ᠦ᠋ᠨ ᠬᠤᠸᠠᠷᠠᠨ ᠠ᠋ᠴᠠ ᠮᠥᠨ ᠪᠦᠷᠢᠶ᠎ᠡ ᠳᠤᠤᠭᠠᠷᠬᠤ ᠴᠢᠮᠡᠭᠡ ᠰᠣᠨᠣᠰᠳᠠᠵᠤ᠂ ᠤᠷᠠᠩᠬᠠᠢ ᠨᠣᠣᠷᠬᠠᠢ ᠮᠠᠭᠤ ᠰᠠᠢᠨ ᠰᠢᠷ᠎ᠠ ᠢᠰᠡᠭᠡᠢ ᠪᠦᠷᠢᠶᠡᠰᠦ ᠲᠡᠢ ᠭᠡᠷ ᠡᠴᠡ ᠡᠮᠡᠭᠡᠯ ᠢ᠋ᠶ᠋ᠡᠨ ᠪᠠᠷᠢᠭᠰᠠᠨ ᠬᠥᠮᠦᠨ ᠶᠠᠭᠠᠷᠠᠨ ᠰᠠᠨᠳᠤᠷᠤᠨ ᠭᠦᠶᠦᠵᠦ ᠭᠠᠷᠤᠭᠠᠳ ᠮᠣᠷᠢ ᠪᠠᠨ ᠡᠮᠡᠭᠡᠯᠯᠡᠵᠡᠭᠡᠵᠦ᠂ ᠤᠳᠠᠯ ᠦᠭᠡᠢ ᠬᠡᠳᠦᠨ ᠵᠠᠭᠤᠨ ᠴᠡᠷᠢᠭ ᠨᠢᠭᠡᠨ ᠪᠠᠭ ᠪᠣᠯᠤᠨ ᠵᠢᠭᠰᠠᠵᠤ᠂ ᠲᠡᠷᠡ ᠪᠡᠶ᠎ᠡ ᠶ᠋ᠢᠨ ᠰᠤᠷᠭᠠᠭᠤᠯᠢ ᠬᠢᠬᠦ ᠲᠠᠯᠠᠪᠤᠷ ᠲᠤ᠌ ᠬᠦᠷᠴᠦ ᠢᠷᠡᠭᠡᠳ ᠮᠠᠨᠵᠤ ᠳᠠᠷᠤᠭ᠎ᠠ ᠶ᠋ᠢᠨ ᠵᠢᠭᠠᠭᠰᠠᠨ ᠭᠠᠵᠠᠷ ᠣᠴᠢᠵᠤ ᠵᠢᠭᠰᠠᠪᠠ᠃ ᠨᠣᠭᠣᠭᠠᠨ ᠲᠤᠭ ᠤ᠋ᠨ ᠬᠦᠨᠳᠦ ᠴᠡᠷᠢᠭ* ᠭᠡᠳᠡᠭ ᠰᠢᠪ ᠰᠢᠨᠡᠬᠡᠨ ᠬᠤᠪᠴᠠᠰᠤ ᠲᠠᠢ ᠬᠢᠲᠠᠳ ᠴᠡᠷᠢᠭ ᠦ᠋ᠨ ᠳᠡᠷᠭᠡᠳᠡ᠂ ᠤᠯᠢᠶᠠᠰᠤᠲᠠᠢ ᠬᠣᠲᠠᠨ ᠳ᠋ᠤ᠌ ᠰᠠᠭᠤᠭ᠎ᠠ ᠮᠣᠩᠭᠣᠯ ᠤ᠋ᠨ ᠮᠣᠷᠢᠨ ᠴᠡᠷᠢᠭ᠂ ᠬᠤᠪᠴᠠᠰᠤ ᠬᠤᠨᠠᠷ ᠭᠬᠢᠷ ᠲᠠᠭ ᠪᠣᠯᠵᠤ᠂ ᠤᠷᠠᠩᠬᠠᠢ ᠨᠣᠣᠷᠬᠠᠢ ᠲᠤᠩ ᠦᠵᠡᠮᠵᠢ ᠮᠠᠭᠤᠲᠠᠢ᠂ ᠲᠡᠮᠦᠷ ᠬᠣᠢᠲᠠᠢ ᠬᠢᠲᠤᠭᠠᠨ ᠵᠢᠳᠠ᠂ ᠪᠠᠰᠠ ᠰᠡᠯᠡᠮ᠎ᠡ᠂ ᠡᠯᠡᠭᠳᠡᠨ ᠮᠠᠭᠤᠳᠠᠭᠰᠠᠨ ᠬᠣᠢᠲᠠᠢ ᠣᠷᠣᠰ ᠺᠠᠽᠠᠭ ᠴᠡᠷᠢᠭ ᠦ᠋ᠨ ᠰᠡᠯᠡᠮ᠎ᠡ ᠵᠡᠭᠦᠭᠰᠡᠨ᠂ ᠡᠷᠢᠶᠡᠪᠡᠷ ᠬᠤᠷᠢᠶᠠᠪᠠᠷ (ᠡᠷᠢᠶᠡᠪᠦᠷ ᠬᠤᠷᠢᠶᠠᠪᠤᠷ) ᠥᠩᠭᠡ ᠶ᠋ᠢᠨ ᠬᠠᠩᠭᠠᠢ ᠶ᠋ᠢᠨ ᠭᠤᠢᠯᠢᠨᠴᠢᠨ ᠴᠤᠭᠯᠠᠭᠰᠠᠨ ᠶᠤᠮ ᠰᠢᠭ᠋ ᠶᠡᠬᠡ ᠰᠦᠷ ᠮᠠᠭᠤ ᠲᠠᠢ(ᠮᠠᠭᠤᠲᠠᠢ)ᠦᠵᠡᠭᠳᠡᠪᠡ᠃  
       ᠮᠣᠩᠭᠣᠯ ᠴᠡᠷᠢᠭ ᠦ᠋ᠨ ᠬᠠᠮᠤᠭ ᠤ᠋ᠨ ᠵᠠᠬ᠎ᠠ ᠳ᠋ᠤ᠌ ᠵᠣᠭᠰᠣᠵᠤ ᠪᠠᠢᠭᠰᠠᠨ ᠨᠢᠭᠡᠨ ᠡᠪᠦᠭᠡᠨ ᠴᠡᠷᠢᠭ᠂ ᠳᠡᠷᠭᠡᠳᠡᠬᠢ ᠨᠥᠬᠥᠳ ᠲᠡᠭᠡᠨ (ᠲᠤ ᠪᠡᠨ)᠂ ᠵᠢᠭᠠᠰᠤᠨ ᠤ᠋ ᠮᠢᠬ᠎ᠠ ᠵᠠᠪᠰᠠᠷ ᠲᠠᠢ ᠭᠡᠵᠦ᠂ ᠡᠨᠡ ᠮᠠᠨᠵᠤ ᠵᠠᠩᠵᠤᠨ ᠬᠢᠲᠠᠳ ᠴᠡᠷᠢᠭ ᠲᠡᠭᠡᠨ (ᠲᠤ ᠪᠡᠨ) ᠡᠯᠢᠭᠡᠲᠡᠢ᠂ ᠪᠢᠳᠡᠨ ᠡᠴᠡ ᠳᠣᠲᠣᠭᠤᠷ ᠦᠵᠡᠳᠡᠭ ᠨᠢ ᠴᠡᠷᠢᠭ ᠦ᠋ᠨ ᠬᠤᠪᠴᠠᠰᠤ ᠬᠡᠷᠡᠭᠰᠡᠯ ᠡᠴᠡ ᠴᠦ᠍ ᠢᠯᠡᠷᠬᠡᠢ ᠪᠠᠢᠨ᠎ᠠ ᠰᠢᠦ᠃ ᠪᠢᠳᠡᠨ ᠦ᠌ 
         ᠮᠠᠨᠠᠢ(ᠮᠠᠨ ᠤ᠋) ᠬᠠᠭᠠᠨ ᠡᠵᠡᠨ 
         ᠮᠠᠨᠵᠤ ᠮᠣᠩᠭᠣᠯ ᠢᠷᠭᠡᠨ ᠳ᠋ᠡᠭᠡᠨ(ᠳ᠋ᠦ᠍ ᠪᠡᠨ)  
         ᠮᠠᠰᠢ ᠶᠡᠬᠡ ᠬᠠᠢᠷᠠᠲᠠᠢ ᠭᠡᠵᠦ ᠳᠠᠭᠤᠯᠠᠳᠠᠭ ᠮᠠᠨᠢ᠂ ᠦᠨᠡᠨ ᠳ᠋ᠡᠭᠡᠨ(ᠳ᠋ᠦ᠍ ᠪᠡᠨ) ᠠᠷᠠᠢ ᠲᠡᠢᠮᠦ ᠪᠢᠰᠢ ᠶᠦᠮ ᠪᠠᠢᠨ᠎ᠠ ᠳᠠ᠃ ᠪᠢᠳᠡᠨ ᠢ᠋ ᠬᠥᠨᠳᠡᠯᠡᠨ ᠡᠴᠡ ᠬᠠᠷᠠᠪᠠᠯ᠂ ᠬᠠᠭᠠᠨ ᠡᠵᠡᠨ ᠮᠠᠨᠢ ᠴᠣᠬᠣᠮ ᠮᠠᠨᠵᠤ ᠮᠣᠩᠭᠣᠯ ᠢᠷᠭᠡᠨ ᠭᠤᠷᠪᠠ ᠶ᠋ᠢᠨ ᠬᠡᠨ ᠳ᠋ᠦ᠍ᠨᠢ(ᠳ᠋ᠦ᠍ ᠨᠢ) ᠢᠯᠡᠭᠦᠦ ᠬᠠᠢᠷᠠᠲᠠᠢ ᠨᠢ ᠲᠤᠩ ᠲᠣᠳᠣᠷᠬᠠᠢ ᠦᠵᠡᠭᠳᠡᠵᠦ ᠪᠠᠢᠬᠤ ᠰᠢᠪ᠃ ᠴᠢ ᠮᠢᠨᠦ ᠡᠨᠡ ᠭᠤᠲᠤᠯ ᠢ᠋ ᠦᠵᠡ᠃ ᠦᠬᠦᠭᠰᠡᠨ ᠦᠬᠡᠷ ᠦ᠋ᠨ ᠬᠣᠰᠢᠭᠤ ᠰᠢᠭ᠋ ᠳᠥᠷᠦᠭᠡᠨ ᠳ᠋ᠦ᠍ ᠪᠠᠭᠲᠠᠬᠤ ᠪᠠᠨ ᠪᠠᠢᠯ᠎ᠠ ᠭᠡᠵᠦ ᠤᠯᠠ ᠵᠤᠯᠤᠭ ᠢ᠋ᠶ᠋ᠠᠷ ᠬᠠᠩᠵᠠᠷᠠᠵᠤ(ᠬᠠᠨᠵᠠᠷᠠᠵᠤ)᠂ ᠰᠤᠷ ᠳᠡᠭᠡᠰᠦᠨ ᠦ᠌ ᠲᠠᠰᠤᠷᠬᠠᠢ ᠪᠠᠷ ᠪᠣᠭᠣᠵᠤ ᠪᠠᠭᠯᠠᠭᠰᠠᠨ ᠭᠤᠲᠤᠯ ᠢ᠋ᠶ᠋ᠠᠨ ᠵᠢᠭᠠᠭᠠᠳ᠂ ᠴᠠᠭᠠᠳᠤ ᠸᠠᠩ ᠣᠪᠣᠭᠲᠤ ᠨᠣᠭᠣᠭᠠᠴᠢᠨ᠂ ᠰᠠᠶᠢᠬᠠᠨ ᠤᠷᠠᠩᠬᠠᠢ ᠨᠣᠣᠷᠬᠠᠢ ᠬᠤᠪᠴᠠᠰᠤ ᠲᠠᠢ ᠨᠢᠭᠡ ᠮᠠᠭᠤ ᠬᠣᠵᠠ ᠶᠠᠪᠤᠭᠰᠠᠨ ᠢ᠋ᠶ᠋ᠠᠨ ᠣᠳᠣ ᠬᠠᠷᠢᠨ ᠴᠡᠷᠢᠭ ᠪᠣᠯᠤᠭᠠᠳ ᠡᠢᠮᠦ ᠰᠦᠷᠡᠬᠡᠢ ᠬᠤᠪᠴᠠᠰᠤ ᠲᠠᠢ ᠪᠣᠯᠴᠢᠵᠠᠢ(ᠪᠣᠯᠴᠢᠬᠠᠵᠠᠢ)᠃ ᠬᠦᠢ᠂ ᠸᠠᠩ ᠣᠪᠣᠭᠲᠤ ᠠ᠋᠂ ᠴᠢ ᠪᠢᠳᠡ ᠬᠣᠶᠠᠷ ᠬᠤᠪᠴᠠᠰᠤ ᠪᠠᠨ ᠰᠣᠯᠢᠬᠤ ᠤᠤ? ᠪᠢ ᠴᠢᠮᠡ (ᠴᠢᠮ᠎ᠠ) ᠳ᠋ᠤ᠌ ᠪᠥᠭᠡᠰᠦ ᠪᠡᠨ ᠨᠡᠮᠡᠷᠢ ᠪᠣᠯᠭᠠᠵᠤ ᠥᠭᠭᠦᠶ᠎ᠡ᠃ ᠮᠠᠨᠠᠢ(ᠮᠠᠨ ᠤ᠋) ᠳᠠᠷᠤᠭ᠎ᠠ ᠨᠠᠷ᠂ ᠪᠢᠳᠡᠨ ᠢ᠋ ᠢᠮᠠᠭᠠᠨ ᠤ᠋ ᠵᠣᠪᠠᠯᠭ᠎ᠠ ᠪᠠᠷ ᠬᠣᠭᠣᠯᠠᠭᠤᠯᠳᠠᠭ (ᠬᠣᠭᠣᠯᠠᠯᠠᠭᠤᠯᠳᠠᠭ) ᠪᠣᠯᠪᠠᠴᠤ ᠮᠠᠨ ᠤ᠋ ᠪᠥᠭᠡᠰᠦ ᠬᠤᠷ ᠲᠠᠷᠭᠤᠨ ᠰᠢᠦ ᠭᠡᠵᠦ ᠬᠣᠱᠣᠩᠨᠠᠪᠠᠯ᠂ 
       — ᠠ᠂ ᠳᠠᠷᠤᠭ᠎ᠠ ᠨᠠᠷ ᠪᠣᠯᠤᠨ᠎ᠠ ᠭᠡᠳᠡᠭ ᠪᠣᠯ ᠪᠢ ᠴᠢᠨᠦ ᠨᠢᠳᠦᠨ ᠦ᠌ ᠬᠣᠷᠣᠬᠠᠢ ᠰᠢᠩᠭᠡᠭᠰᠡᠨ ᠡᠨᠡ ᠰᠢᠨ᠎ᠡ ᠬᠤᠪᠴᠠᠰᠤ ᠶ᠋ᠢ ᠣᠳᠣ ᠵᠣᠭᠰᠣᠭᠠᠪᠠᠷ(ᠵᠣᠭᠰᠣᠭ᠎ᠠ ᠪᠠᠷ) ᠲᠠᠢᠯᠤᠭᠠᠳ᠂ ᠨᠣᠭᠣᠭ᠎ᠠ ᠲᠠᠷᠢᠶ᠎ᠠ ᠨᠠᠢᠬᠠᠨ(ᠲᠠᠷᠢᠶᠠᠨ ᠤ᠋ ᠪᠠᠨ) ᠬᠠᠰᠢᠶᠠᠨ ᠳ᠋ᠤ᠌ ᠪᠤᠴᠠᠳᠠᠭ ᠪᠣᠯ᠂ ᠶᠠᠭᠤᠲᠠᠢ ᠰᠠᠢᠬᠠᠨ ᠪᠢᠯᠡ᠃ ᠥᠯᠵᠡᠢᠬᠤᠲᠤᠭ ᠴᠢ᠂ ᠨᠠᠳᠠ ᠤᠷᠤᠭᠤ ᠳᠡᠮᠡᠢ ᠨᠢᠳᠦ ᠰᠢᠲᠦ ᠪᠡᠨ ᠦᠵᠦᠭᠦᠷᠯᠡᠪᠡᠦ (ᠦᠵᠦᠭᠦᠷᠯᠡᠪᠡ ᠤᠤ) ᠳᠠ ᠭᠡᠵᠦ ᠲᠡᠷᠡ ᠸᠠᠩ ᠣᠪᠣᠭᠲᠤ ᠬᠢᠲᠠᠳ ᠴᠡᠷᠢᠭ ᠦ᠋ᠨ ᠬᠠᠷᠢᠭᠤ ᠲᠠᠯᠪᠢᠬᠤ ᠳ᠋ᠤ᠌ ᠥᠯᠵᠡᠢᠬᠤᠲᠤᠭ ᠤ᠋ᠨ ᠳᠡᠷᠭᠡᠳᠡ ᠵᠣᠭᠰᠣᠵᠤ ᠪᠠᠢᠭ᠎ᠠ ᠡᠪᠦᠭᠡᠨ ᠮᠣᠩᠭᠣᠯ ᠴᠡᠷᠢᠭ ᠲᠠᠭᠠᠰᠢᠶᠠᠨ ᠢᠨᠢᠶᠡᠵᠦ᠂ 
       — ᠤᠤᠬᠠᠢ ᠤᠤᠬᠠᠢ᠂ ᠸᠠᠩ ᠣᠪᠣᠭᠲᠤ ᠮᠢᠨᠢ᠂ ᠡᠨᠡ ᠬᠥᠭᠰᠢᠨ ᠵᠥᠨᠥᠭ ᠢ᠋ ᠰᠠᠢᠨ ᠠᠪᠤᠭᠠᠳ ᠪᠠᠢ! ᠦᠯᠲᠦᠷᠡᠲᠡᠯ᠎ᠡ ᠪᠡᠨ ᠱᠥᠯᠥ ᠣᠷᠣᠬᠤ ᠦᠭᠡᠢ᠂ ᠥᠲᠡᠯᠲᠡᠯ᠎ᠡ ᠪᠡᠨ ᠤᠬᠠᠭᠠᠨ ᠣᠷᠣᠬᠤ ᠦᠭᠡᠢ ᠭᠡᠵᠦ ᠡᠢᠮᠦ ᠯᠡ ᠬᠥᠮᠦᠨ ᠢ᠋ ᠬᠡᠯᠡᠳᠡᠭ ᠶᠦᠮ ᠳᠡ ᠭᠡᠵᠦ ᠬᠠᠷᠢᠯᠴᠠᠨ ᠢᠨᠢᠶᠡᠯᠴᠡᠲᠡᠯ᠎ᠡ᠂ ᠰᠠᠩ ᠤ᠋ᠨ ᠬᠣᠲᠠ ᠭᠡᠳᠡᠭ ᠴᠠᠢᠵᠠ ᠠ᠋ᠴᠠ ᠲᠦᠩ ᠭᠡᠵᠦ ᠦᠬᠡᠷ ᠫᠤᠤ ᠲᠠᠯᠪᠢᠬᠤ ᠴᠢᠮᠡᠭᠡ ᠰᠣᠨᠣᠰᠳᠠᠪᠠ᠃ 
       — ᠵᠠ᠂ ᠵᠠᠩᠵᠤᠨ᠂ ᠦᠰᠦᠲᠡᠢ ᠥᠮᠥᠳᠥ ᠪᠡᠨ ᠡᠮᠦᠰᠪᠡ᠂ ᠱᠠᠬᠠᠢ ᠮᠠᠯᠠᠭᠠᠢ ᠬᠣᠶᠠᠷ ᠢ᠋ᠶ᠋ᠠᠨ ᠡᠮᠦᠰᠲᠡᠯ᠎ᠡ᠂ ᠪᠢᠳᠡᠨ ᠢ᠋ ᠡᠨᠳᠡ ᠨᠡᠯᠢᠶᠡᠳ ᠬᠦᠯᠢᠶᠡᠯᠭᠡᠬᠦ ᠶᠦᠮ ᠪᠠᠢᠯ ᠦᠭᠡᠢ ᠳᠡ ᠭᠡᠵᠦ ᠥᠯᠵᠠᠢᠬᠤᠲᠤᠭ ᠡᠪᠦᠭᠡᠨ ᠢ᠋ ᠬᠡᠯᠡᠵᠦ ᠪᠠᠷᠠᠲᠠᠯ᠎ᠠ᠂ ᠲᠦᠩ᠂ ᠲᠦᠩ ᠭᠡᠵᠦ ᠳᠠᠷᠠᠭ᠎ᠠ ᠳᠠᠷᠠᠭᠠᠪᠠᠷ ᠫᠤᠤ ᠲᠠᠯᠪᠢᠬᠤ ᠴᠢᠮᠡᠭᠡ ᠰᠣᠨᠣᠰᠳᠠᠭᠰᠠᠨ ᠳ᠋ᠤ᠌᠂ ᠬᠠᠷᠠᠭᠠᠴᠢ᠂ ᠱᠠᠬᠠᠢ ᠮᠠᠯᠠᠭᠠᠢ ᠬᠣᠶᠠᠷ ᠢ᠋ᠶ᠋ᠠᠨ ᠡᠮᠦᠰᠦᠭᠡᠳ ᠣᠷᠬᠢᠵᠠᠢ᠃ ᠥᠨᠥᠳᠥᠷ ᠵᠠᠩᠵᠤᠨ ᠮᠥᠨ ᠴᠦ᠍ ᠪᠤᠵᠠᠭᠠᠢ ᠱᠠᠯᠠᠮᠠᠭᠠᠢ ᠬᠥᠳᠡᠯᠵᠦ ᠪᠠᠢᠬᠤ ᠰᠢᠪ (ᠰᠢᠭ)᠃ ᠬᠦᠷᠢᠶᠡᠨ ᠦ᠌ ᠠᠮᠪᠠᠨ ᠰᠢᠭ᠋᠂ ᠮᠥᠳᠳᠥ ᠬᠥᠭᠡᠭᠡᠭᠳᠡᠬᠦ ᠪᠡᠨ ᠵᠥᠩᠨᠡᠵᠦ ᠪᠠᠢᠭ᠎ᠠ  ᠪᠠᠢᠬᠤ ᠳᠠ ᠭᠡᠵᠦ ᠬᠡᠯᠡᠬᠦ ᠳ᠋ᠦ᠍ᠨᠢ ᠳᠡᠷᠭᠡᠳᠡᠬᠢ ᠡᠪᠦᠭᠡᠨ ᠴᠡᠷᠢᠭ ᠲᠦᠯᠬᠢᠵᠦ᠂  
       — ᠬᠡᠯᠡ ᠠᠮᠠ ᠪᠠᠨ ᠲᠡᠳᠡ᠂ ᠥᠯᠵᠡᠢᠬᠤᠲᠤᠭ ᠮᠢᠨᠢ᠂ ᠳᠠᠷᠤᠭ᠎ᠠ ᠨᠠᠷ ᠰᠣᠨᠣᠰᠪᠠᠯ᠂ ᠭᠠᠢ ᠪᠣᠯᠤᠨ᠎ᠠ ᠭᠡᠵᠦ ᠰᠠᠨᠠᠭᠤᠯᠪᠠ᠃ 
       ᠤᠯᠢᠶᠠᠰᠤᠲᠠᠢ ᠬᠣᠲᠠ ᠶ᠋ᠢᠨ ᠵᠦᠭ ᠡᠴᠡ ᠲᠣᠭᠣᠰᠣ ᠪᠤᠵᠢᠭᠢᠨᠠᠵᠤ᠂ ᠨᠢᠭᠡᠨ ᠬᠡᠰᠡᠭ ᠮᠣᠷᠢ ᠲᠠᠢ ᠬᠥᠮᠦᠨ ᠲᠡᠩᠬᠡᠯ ᠮᠡᠳᠡᠨ ᠳᠠᠪᠬᠢᠵᠤ ᠠᠢᠰᠤᠢ ᠪᠣᠯᠪᠠ᠃ ᠦᠵᠡᠪᠡᠯ᠂ ᠮᠣᠩᠭᠣᠯ ᠶᠠᠮᠤᠨ ᠵᠢᠰᠢᠶᠡᠨ ᠦ᠌ ᠲᠦᠰᠢᠮᠡᠳ᠂ ᠵᠠᠩᠵᠤᠨ ᠢ᠋ ᠬᠥᠳᠡᠯᠬᠦ ᠪᠣᠯᠤᠭ᠎ᠠ ᠦᠭᠡᠢ ᠭᠡᠵᠦ ᠠᠢᠪᠢᠨ ᠲᠠᠢᠪᠤᠩ ᠰᠠᠭᠤᠭᠰᠠᠨ ᠨᠢ᠂ ᠭᠤᠷᠪᠠᠨ ᠤᠳᠠᠭ᠎ᠠ ᠲᠡᠮᠳᠡᠭᠲᠦ ᠫᠤᠤ ᠲᠠᠯᠪᠢᠬᠤ ᠴᠢᠮᠡᠭᠡ ᠰᠣᠨᠣᠰᠴᠤ᠂ ᠪᠦᠷᠭᠡᠨ ᠪᠠᠷᠭᠢᠨ ᠳᠠᠪᠬᠢᠯᠳᠤᠵᠤ ᠢᠷᠡᠭᠰᠡᠨ ᠠᠵᠢ᠃ ᠭᠤᠷᠪᠠᠨ ᠠᠰᠠᠷ ᠵᠡᠬᠡᠵᠦ ᠪᠡᠯᠡᠳᠬᠡᠭᠰᠡᠨ ᠭᠠᠵᠠᠷ ᠬᠦᠷᠴᠦ ᠢᠷᠡᠭᠡᠳ᠂ ᠮᠣᠩᠭᠣᠯ ᠲᠦᠰᠢᠮᠡᠳ ᠠᠰᠠᠷ ᠤ᠋ᠨ ᠠᠷᠤ ᠳ᠋ᠤ᠌ ᠮᠣᠷᠢᠨ ᠠ᠋ᠴᠠ ᠪᠠᠨ ᠪᠠᠭᠤᠵᠤ᠂ ᠮᠠᠨᠵᠤ ᠳᠠᠷᠤᠭ᠎ᠠ ᠨᠠᠷ ᠤ᠋ᠨ ᠡᠮᠦᠨ᠎ᠡ ᠬᠦᠷᠴᠦ ᠢᠷᠡᠭᠡᠳ ᠡᠪᠦᠳᠦᠭ ᠨᠤᠭᠤᠯᠤᠨ ᠰᠥᠭᠥᠳᠴᠦ ᠶᠣᠰᠣᠯᠠᠪᠠ᠃  ᠴᠠᠢᠵᠠ ᠶ᠋ᠢᠨ ᠶᠡᠬᠡ ᠬᠠᠭᠠᠯᠭ᠎ᠠ ᠨᠡᠭᠡᠭᠡᠭᠳᠡᠵᠦ᠂ ᠲᠤᠭ ᠬᠢᠭᠢᠷᠢ ᠪᠠᠷᠢᠭᠰᠠᠨ ᠮᠣᠷᠢᠲᠠᠨ ᠭᠠᠷᠴᠤ ᠢᠷᠡᠪᠡ᠃ ᠬᠣᠢᠨ᠎ᠠ ᠠ᠋ᠴᠠ ᠨᠢ ᠰᠠᠢᠬᠠᠨ ᠵᠢᠷᠣᠭ᠎ᠠ ᠮᠣᠷᠢ ᠲᠠᠢ ᠬᠡᠳᠦᠨ ᠬᠥᠮᠦᠨ ᠦᠵᠡᠭᠳᠡᠪᠡ᠃ 
       ᠲᠡᠷᠡ ᠪᠣᠯ ᠤᠯᠢᠶᠠᠰᠤᠲᠠᠢ ᠶ᠋ᠢᠨ ᠮᠠᠨᠵᠤ ᠵᠠᠩᠵᠤᠨ ᠬᠦᠢ᠂ ᠲᠡᠭᠦᠨ ᠦ᠌ ᠮᠣᠩᠭᠣᠯ ᠲᠤᠰᠠᠯᠠᠬᠤ ᠢᠯᠳᠦᠨ ᠬᠦᠩ ᠭᠣᠮᠪᠤᠰᠦ᠋ᠷᠦᠩ᠃ ᠪᠠᠷᠠᠭᠤᠨ ᠵᠠᠰᠠᠭᠲᠤ ᠬᠠᠨ᠂ ᠰᠠᠢᠨ ᠨᠣᠶᠠᠨ ᠬᠠᠨ ᠬᠣᠶᠠᠷ ᠠᠢᠮᠠᠭ ᠢ᠋ ᠵᠠᠬᠢᠷᠤᠭᠴᠢ ᠮᠠᠨᠵᠤ ᠰᠠᠢᠳ ᠶᠤᠸᠠᠨ᠂ ᠮᠣᠩᠭᠣᠯ ᠰᠠᠢᠳ ᠲᠠᠢᠴᠢᠩ ᠸᠠᠩ ᠭᠥᠷᠭᠥᠮᠵᠠᠪ ᠠᠵᠢ᠃ 
       ᠴᠡᠷᠢᠭ ᠦ᠋ᠨ ᠰᠤᠷᠭᠠᠭᠤᠯᠢ ᠶ᠋ᠢᠨ ᠲᠠᠯᠠᠪᠤᠷ ᠲᠤ᠌ ᠵᠠᠩᠵᠤᠨ ᠰᠠᠢᠳ ᠤ᠋ᠨ ᠠᠰᠠᠷ ᠤ᠋ᠨ ᠡᠮᠦᠨ᠎ᠡ ᠵᠢᠳᠠ ᠬᠢᠭᠢᠷᠢ ᠵᠡᠷᠭᠡ ᠶᠣᠰᠣᠯᠠᠯ ᠤ᠋ᠨ ᠵᠡᠪᠰᠡᠭ ᠲᠡᠮᠳᠡᠭ ᠪᠠᠷᠢᠭᠰᠠᠨ ᠬᠥᠮᠦᠰ ᠵᠢᠳᠠ ᠲᠡᠮᠳᠡᠭ ᠢ᠋ ᠭᠠᠵᠠᠷ ᠬᠠᠳᠬᠤᠵᠤ᠂ ᠵᠠᠮ ᠤ᠋ᠨ ᠬᠣᠶᠠᠷ ᠡᠲᠡᠭᠡᠳ ᠲᠦ᠍ ᠵᠣᠭᠰᠣᠨ ᠲᠣᠬᠢᠪᠠᠯ᠂ ᠰᠢᠩᠭᠡᠬᠡᠨ ᠰᠣᠶᠣᠭ᠎ᠠ ᠰᠠᠬᠠᠯᠲᠠᠢ ᠮᠠᠨᠵᠤ ᠵᠠᠩᠵᠤᠨ ᠮᠣᠷᠢ ᠶ᠋ᠢ ᠵᠣᠭᠰᠣᠭᠠᠮᠠᠭᠴᠠ᠂ ᠬᠣᠶᠠᠷ ᠲᠦᠰᠢᠮᠡᠯ᠂ ᠵᠠᠩᠵᠤᠨ ᠢ᠋ ᠳᠥᠰᠢᠨ ᠮᠣᠷᠢᠨ ᠠ᠋ᠴᠠ ᠪᠠᠭᠤᠯᠭᠠᠪᠠ᠃ ᠮᠠᠨᠵᠤ ᠮᠣᠩᠭᠣᠯ ᠪᠢᠴᠢᠭ ᠴᠡᠷᠢᠭ ᠦ᠋ᠨ ᠲᠦᠰᠢᠮᠡᠯ ᠡᠪᠦᠳᠦᠭ ᠨᠤᠭᠤᠯᠤᠨ ᠶᠣᠰᠣᠯᠠᠪᠠ᠃ ᠵᠠᠩᠵᠤᠨ᠂ ᠵᠠᠩᠭᠢᠳᠤᠭᠰᠠᠨ ᠬᠣᠶᠠᠷ ᠭᠠᠷ ᠢ᠋ ᠬᠠᠪᠰᠤᠷᠤᠨ ᠡᠯᠢᠭᠡᠨ ᠲᠤᠰ ᠡᠷᠭᠦᠵᠦ ᠬᠠᠷᠢᠭᠤ ᠶᠣᠰᠣᠯᠠᠭᠠᠳ᠂ ᠮᠠᠨᠵᠤ ᠰᠠᠢᠳ᠂ ᠮᠣᠩᠭᠣᠯ ᠨᠣᠶᠠᠳ ᠤ᠋ᠨ ᠬᠠᠮᠲᠤ ᠪᠠᠷ ᠭᠣᠣᠯ ᠤ᠋ᠨ ᠬᠥᠬᠡ ᠡᠷᠢᠶᠡᠨ ᠠᠰᠠᠷ ᠲᠤ᠌ ᠣᠷᠣᠵᠤ᠂ ᠮᠠᠨᠵᠤ ᠮᠣᠩᠭᠣᠯ ᠲᠦᠰᠢᠮᠡᠯ ᠬᠣᠶᠠᠷ ᠵᠢᠭᠦᠷ ᠦ᠋ᠨ ᠠᠰᠠᠷ ᠲᠤ᠌ ᠣᠷᠣᠮᠠᠭᠴᠠ ᠴᠠᠭᠠᠨ ᠤᠲᠤᠭ᠎ᠠ ᠰᠤᠭᠤᠨᠠᠭᠯᠠᠨ᠂ ᠫᠤᠤᠵᠢᠩ ᠳᠡᠭᠡᠭᠰᠢ ᠳᠡᠰ ᠬᠢᠨ ᠳᠡᠭᠳᠡᠵᠦ ᠪᠦᠷᠢᠶ᠎ᠡ ᠳᠤᠤᠭᠠᠷᠪᠠ᠃ ᠤᠯᠢᠶᠠᠰᠤᠲᠠᠢ ᠶ᠋ᠢᠨ ᠴᠡᠷᠢᠭ ᠢ᠋ ᠵᠠᠩᠵᠤᠨ ᠰᠠᠢᠳ ᠨᠠᠷ ᠦᠵᠡᠵᠦ ᠡᠬᠢᠯᠡᠪᠡ᠃ ᠠᠩᠬᠠᠨ ᠳ᠋ᠤ᠌ ᠪᠦᠷᠢᠶ᠎ᠡ ᠦᠯᠢᠶᠡᠬᠦ᠂ ᠮᠥᠨ ᠵᠠᠩᠵᠤᠨ ᠤ᠋ ᠠᠰᠠᠷ ᠤ᠋ᠨ ᠳᠡᠷᠭᠡᠳᠡ ᠪᠣᠢ ᠣᠯᠠᠨ ᠥᠩᠭᠡ ᠶ᠋ᠢᠨ ᠲᠤᠭ ᠳᠠᠯᠪᠠᠭ᠎ᠠ ᠳᠡᠭᠡᠭᠰᠢ ᠳᠣᠷᠣᠭᠰᠢ ᠪᠣᠯᠭᠠᠬᠤ ᠪᠥᠬᠥᠢᠯᠭᠡᠬᠦ ᠳᠠᠯᠠᠯᠬᠤ ᠵᠡᠷᠭᠡ ᠪᠡᠷ ᠳᠣᠬᠢᠶ᠎ᠠ ᠥᠭᠬᠦ ᠳ᠋ᠦ᠍᠂ ᠮᠠᠨᠵᠤ ᠴᠡᠷᠢᠭ ᠦ᠋ᠨ ᠵᠢᠭᠰᠠᠭᠠᠯ ᠲᠠᠪᠰᠢᠬᠤ ᠤᠯᠠᠷᠢᠬᠤ ᠪᠠᠢᠳᠠᠯ ᠢ᠋ ᠦᠵᠡᠭᠦᠯᠪᠡ᠃ ᠨᠣᠭᠣᠭᠠᠨ ᠲᠤᠭ ᠤ᠋ᠨ ᠬᠢᠲᠠᠳ ᠬᠦᠨᠳᠦ ᠴᠡᠷᠢᠭ ᠦ᠋ᠨ ᠰᠡᠭᠦᠯ ᠳ᠋ᠦ᠍᠂ ᠢᠯᠳᠦᠨ ᠬᠦᠩ ᠭᠣᠮᠪᠤᠰᠦ᠋ᠷᠦᠩ ᠦ᠋ᠨ ᠮᠣᠩᠭᠣᠯ ᠮᠣᠷᠢᠨ ᠴᠡᠷᠢᠭ ᠵᠢᠭᠰᠠᠨ ᠥᠩᠭᠡᠷᠡᠭᠰᠡᠨ ᠨᠢ ᠴᠡᠷᠢᠭ ᠦ᠋ᠨ ᠵᠢᠭᠰᠠᠭᠠᠯ ᠲᠡᠭᠰᠢ ᠦᠭᠡᠢ᠂ ᠬᠤᠪᠴᠠᠰᠤ ᠤᠨᠤᠭ᠎ᠠ ᠮᠠᠭᠤ ᠨᠢ ᠬᠢᠲᠠᠳ ᠴᠡᠷᠢᠭ ᠲᠡᠢ ᠶᠡᠷᠦ ᠠᠳᠠᠯᠢᠳᠬᠠᠵᠤ ᠪᠣᠯᠬᠤ ᠦᠭᠡᠢ ᠪᠠᠢᠳᠠᠯ ᠢᠯᠡᠷᠬᠡᠢ ᠪᠠᠢᠪᠠ᠃ ᠬᠦᠢ ᠵᠠᠩᠵᠤᠨ᠂ ᠲᠡᠭᠦᠨ ᠦ᠌ ᠠᠷᠤ ᠳ᠋ᠤ᠌ ᠠᠶᠤᠮᠰᠢᠭ ᠦᠭᠡᠢ ᠵᠡᠷᠭᠡᠴᠡᠬᠦ ᠦᠭᠡᠢ᠂ ᠶᠡᠬᠡᠯ᠎ᠡ ᠬᠦᠨᠳᠦᠳᠬᠡᠨ ᠰᠠᠭᠤᠵᠤ᠂ ᠡᠷᠢᠭᠡ ᠲᠠᠲᠠᠵᠤ ᠤᠷᠤᠭᠤᠯ ᠢ᠋ᠶ᠋ᠠᠨ ᠬᠥᠳᠡᠯᠭᠡᠨ ᠮᠠᠨᠢ ᠤᠩᠰᠢᠵᠤ ᠪᠠᠢᠭ᠎ᠠ ᠮᠣᠩᠭᠣᠯ ᠵᠠᠩᠵᠤᠨ ᠢᠯᠳᠦᠨ ᠬᠦᠩ ᠭᠣᠮᠪᠤᠰᠦ᠋ᠷᠦᠩ ᠭᠡᠳᠡᠭ ᠮᠠᠩᠭᠣ ᠰᠢᠭ᠋ ᠴᠢᠷᠠᠢ ᠲᠠᠢ ᠡᠪᠦᠭᠡᠨ ᠦ᠌ ᠵᠦᠭ ᠳᠣᠭᠣᠭᠢᠯᠠᠨ ᠢᠨᠢᠶᠡᠮᠰᠦᠭᠯᠡᠬᠦ ᠪᠠᠢᠳᠠᠯ ᠲᠠᠢ ᠬᠠᠡᠳᠤᠰᠬᠢᠵᠤ᠂ ᠭᠤ ᠵᠠᠩᠵᠤᠨ ᠲᠠᠨ ᠤ᠋ ᠪᠣᠳᠣᠬᠤ ᠳ᠋ᠤ᠌᠂ ᠮᠢᠨᠦ ᠡᠨᠡ ᠭᠤᠷᠪᠠᠨ ᠮᠢᠩᠭᠠᠨ ᠬᠦᠨᠳᠦ ᠴᠡᠷᠢᠭ ᠦᠵᠡᠨ ᠴᠤᠭᠤᠬᠤ ᠶ᠋ᠢᠨ ᠬᠠᠮᠠᠭᠠᠯᠠᠵᠤ ᠪᠠᠢᠭ᠎ᠠ ᠰᠠᠩ ᠤ᠋ᠨ ᠬᠣᠲᠠ ᠶ᠋ᠢ ᠪᠠᠢᠯᠳᠤᠨ ᠡᠵᠡᠯᠡᠶ᠎ᠡ ᠭᠡᠪᠡᠯ᠂ ᠲᠠᠨ ᠤ᠋ ᠡᠢᠮᠦ ᠴᠡᠷᠢᠭ ᠬᠡᠴᠢᠨᠡᠨ ᠬᠡᠷᠡᠭᠲᠡᠢ ᠪᠣᠯᠬᠤ ᠪᠣᠯ? ᠭᠡᠵᠦ ᠮᠣᠩᠭᠣᠯ ᠴᠡᠷᠢᠭ ᠦ᠋ᠨ ᠵᠦᠭ ᠲᠣᠭᠣᠮᠰᠠᠷᠯᠠᠬᠤ ᠦᠭᠡᠢ ᠳᠣᠬᠢᠪᠠᠯ ᠭᠣᠮᠪᠤᠰᠦ᠋ᠷᠦᠩ ᠰᠣᠴᠢᠰᠬᠢᠵᠦ᠂ ᠤᠷᠤᠭᠤᠯ ᠢ᠋ᠶ᠋ᠠᠨ ᠥᠮᠥᠷ ᠥᠮᠥᠷ ᠬᠥᠳᠡᠯᠭᠡᠭᠡᠳ᠂ ᠮᠠᠨᠵᠤ ᠵᠠᠩᠵᠤᠨ ᠢ᠋ ᠴᠢᠷᠠᠢᠴᠢᠯᠠᠨ ᠦᠷᠦ ᠡᠪᠡᠳᠦᠮᠡᠷ ᠢᠨᠢᠶᠡᠮᠰᠦᠭᠯᠡᠵᠦ᠂  
       — ᠮᠢᠨᠦ ᠬᠠᠷᠢᠶᠠᠨ ᠤ᠋ ᠴᠡᠷᠢᠭ᠂ ᠶᠠᠮᠠᠷ ᠠᠶᠤᠮᠰᠢᠭ ᠦᠭᠡᠢ ᠲᠩᠷᠢ ᠶ᠋ᠢᠨ ᠴᠡᠷᠢᠭ ᠦ᠋ᠨ ᠡᠰᠡᠷᠭᠦ ᠬᠠᠨᠳᠤᠬᠤ ᠪᠢᠯᠡ? ᠪᠢᠳᠡ ᠴᠥᠮ ᠨᠢᠭᠡᠨ ᠬᠠᠭᠠᠨ ᠤ᠋ ᠪᠣᠭᠣᠯ ᠠᠯᠪᠠᠲᠤ ᠪᠢᠰᠢ ᠤᠤ? ᠭᠡᠪᠡ᠃ 
       ᠪᠦᠷᠢᠶᠡᠴᠢᠨ ᠪᠦᠷᠢᠶ᠎ᠡ ᠲᠠᠲᠠᠵᠤ᠂ ᠴᠡᠷᠢᠭ ᠠᠰᠠᠷ ᠤ᠋ᠨ ᠬᠣᠶᠠᠷ ᠲᠠᠯ᠎ᠠ ᠳ᠋ᠤ᠌ ᠬᠣᠶᠠᠷ ᠡᠩᠨᠡᠭᠡ ᠪᠣᠯᠵᠤ ᠵᠢᠭᠰᠠᠪᠠ᠃ ᠬᠡᠩᠭᠡᠷᠭᠡ ᠬᠠᠷᠠᠩᠭ᠎ᠠ ᠳᠡᠯᠡᠳᠦᠮᠡᠭᠴᠡ᠂ ᠬᠣᠶᠠᠷ ᠲᠠᠯ᠎ᠠ ᠶ᠋ᠢᠨ ᠴᠡᠷᠢᠭ ᠦ᠋ᠨ ᠵᠢᠭᠰᠠᠭᠠᠯ ᠠ᠋ᠴᠠ ᠨᠢᠵᠡᠭᠡᠳ ᠴᠡᠷᠢᠭ ᠭᠠᠷᠴᠤ ᠢᠷᠡᠭᠡᠳ᠂ ᠵᠠᠩᠵᠤᠨ ᠤ᠋ ᠠᠰᠠᠷ ᠤ᠋ᠨ ᠵᠦᠭ ᠶᠣᠰᠣᠯᠠᠵᠤ ᠰᠥᠭᠥᠳᠦᠭᠡᠳ᠂ ᠬᠠᠷᠢᠯᠴᠠᠨ ᠵᠢᠳᠠ ᠲᠠᠢ ᠫᠤᠤ ᠪᠠᠷ ᠵᠢᠳᠠᠯᠠᠨ ᠪᠠᠢᠯᠳᠤᠬᠤ ᠰᠤᠷᠭᠠᠭᠤᠯᠢ ᠬᠢᠪᠡ᠃ ᠲᠡᠷᠡ ᠬᠣᠶᠠᠷ ᠴᠡᠷᠢᠭ ᠦ᠋ᠨ ᠮᠠᠰᠢ ᠬᠥᠩᠭᠡᠨ ᠭᠠᠪᠰᠢᠭᠠᠢ ᠪᠠᠷ ᠬᠥᠳᠡᠯᠦᠨ ᠳᠠᠪᠰᠢᠬᠤ ᠳ᠋ᠤ᠌᠂ ᠬᠡᠩᠭᠡᠷᠭᠡ ᠬᠠᠷᠠᠩᠭ᠎ᠠ ᠪᠠᠷ ᠬᠥᠳᠡᠯᠬᠦ ᠲᠠᠪᠰᠢᠬᠤ᠂ ᠤᠬᠤᠷᠢᠬᠤ ᠤᠯᠠᠷᠢᠬᠤ ᠳ᠋ᠤᠨᠢ ᠨᠡᠢᠯᠡᠭᠦᠯᠪᠡ᠃ ᠪᠠᠢᠯᠳᠤᠬᠤ ᠰᠤᠷᠭᠠᠭᠤᠯᠢ ᠦᠵᠡᠭᠦᠯᠵᠦ ᠭᠦᠢᠴᠡᠭᠡᠳ᠂ ᠬᠣᠶᠠᠷ ᠴᠡᠷᠢᠭ ᠨᠢᠭᠡᠨ ᠵᠡᠷᠭᠡ ᠡᠪᠦᠳᠦᠭ ᠨᠤᠭᠤᠯᠤᠨ ᠵᠠᠩᠵᠤᠨ ᠤ᠋ ᠵᠦᠭ ᠶᠣᠰᠣᠯᠠᠵᠤ᠂ ᠵᠢᠭᠰᠠᠭᠠᠯ ᠳ᠋ᠤ᠌ ᠡᠭᠡᠪᠡ᠃ ᠲᠡᠭᠡᠭᠡᠳ᠂ ᠬᠡᠩᠭᠡᠷᠭᠡ ᠬᠠᠷᠠᠩᠭ᠎ᠠ ᠶ᠋ᠢ ᠳᠠᠬᠢᠨ ᠳᠡᠯᠡᠳᠦᠮᠡᠭᠴᠡ ᠬᠣᠶᠠᠷ ᠲᠠᠯ᠎ᠠ ᠶ᠋ᠢᠨ ᠴᠡᠷᠢᠭ ᠵᠠᠷᠢᠮ ᠳ᠋ᠠᠭᠠᠨ ᠭᠠᠭᠴᠠ ᠭᠠᠭᠴᠠ ᠪᠠᠷ᠂ ᠵᠠᠷᠢᠮ ᠳ᠋ᠠᠭᠠᠨ ᠬᠣᠶᠠᠷ ᠬᠣᠶᠠᠷ ᠢ᠋ᠶ᠋ᠠᠷ᠂ ᠵᠠᠷᠢᠮ ᠳ᠋ᠠᠭᠠᠨ ᠬᠡᠰᠡᠭ ᠪᠦᠯᠦᠭ ᠢ᠋ᠶ᠋ᠡᠷ ᠣᠷᠣᠭᠰᠢ ᠳᠠᠪᠰᠢᠨ᠂ ᠵᠢᠳᠠ ᠰᠡᠯᠡᠮ᠎ᠡ ᠡᠷᠭᠢᠭᠦᠯᠦᠨ ᠪᠠᠢᠯᠳᠤᠬᠤ ᠰᠤᠷᠭᠠᠭᠤᠯᠢ ᠬᠢᠵᠦ᠂ ᠵᠢᠳᠠ ᠲᠠᠢ ᠫᠤᠤ ᠪᠠᠷᠢᠭᠰᠠᠨ ᠴᠡᠷᠢᠭ ᠦ᠋ᠨ ᠵᠢᠳᠠᠯᠠᠨ ᠪᠠᠢᠯᠳᠤᠬᠤ ᠪᠠᠷ ᠣᠷᠣᠬᠤ ᠳ᠋ᠤ᠌᠂ ᠤᠷᠲᠤ ᠵᠢᠳᠠ ᠪᠠᠷᠢᠭᠰᠠᠨ ᠴᠡᠷᠢᠭ ᠦ᠋ᠨ ᠡᠰᠡᠷᠭᠦᠴᠡᠨ ᠪᠠᠢᠯᠳᠤᠬᠤ ᠪᠠᠢᠳᠠᠯ᠂ ᠢᠯᠳᠦ ᠰᠡᠯᠡᠮ᠎ᠡ ᠪᠠᠷᠢᠭᠰᠠᠨ ᠴᠡᠷᠢᠭ ᠵᠢᠳᠠ ᠰᠡᠷᠡᠭᠡ ᠪᠠᠷᠢᠭᠰᠠᠨ ᠴᠡᠷᠢᠭ ᠦ᠋ᠨ ᠡᠰᠡᠷᠭᠦ ᠲᠤᠯᠤᠯᠳᠤᠬᠤ᠂ ᠬᠣᠣᠰ ᠢᠯᠳᠦ ᠪᠠᠷᠢᠭᠰᠠᠨ ᠴᠡᠷᠢᠭ ᠦ᠋ᠨ ᠬᠠᠷᠢᠯᠴᠠᠨ ᠪᠠᠢᠯᠳᠤᠬᠤ ᠶ᠋ᠢ ᠦᠵᠡᠭᠦᠯᠪᠡ᠃ 
       ᠠᠰᠠᠷ ᠤ᠋ᠨ ᠬᠣᠶᠠᠷ ᠬᠠᠵᠠᠭᠤ ᠠ᠋ᠴᠠ ᠵᠢᠭᠰᠠᠭᠰᠠᠨ ᠴᠡᠷᠢᠭ ᠦ᠋ᠨ ᠲᠡᠷᠲᠡᠭᠡ ᠦᠵᠦᠭᠦᠷ ᠦ᠋ᠨ ᠲᠤᠰᠢᠶ᠎ᠠ ᠴᠤᠭᠯᠠᠭᠰᠠᠨ ᠤᠯᠢᠶᠠᠰᠤᠲᠠᠢ ᠶ᠋ᠢᠨ ᠬᠢᠲᠠᠳ ᠬᠤᠳᠠᠯᠳᠤᠭᠠᠴᠢᠨ᠂ ᠤᠯᠢᠶᠠᠰᠤᠲᠠᠢ ᠬᠣᠲᠠᠨ ᠤ᠋ ᠮᠣᠩᠭᠣᠯᠴᠤᠳ᠂ ᠮᠥᠨ ᠲᠡᠷᠡ ᠡᠳᠦᠷ ᠤᠯᠢᠶᠠᠰᠤᠲᠠᠢ ᠶ᠋ᠢᠨ ᠵᠠᠬ᠎ᠠ ᠵᠡᠭᠡᠯᠢ ᠡᠴᠡ ᠶᠠᠭᠤᠮ᠎ᠠ ᠠᠪᠬᠤ ᠪᠠᠷ ᠢᠷᠡᠭᠰᠡᠨ ᠬᠥᠳᠡᠭᠡ ᠶ᠋ᠢᠨ ᠮᠠᠯᠴᠢᠨ ᠠᠷᠠᠳ ᠱᠠᠪᠠᠯᠳᠤᠨ ᠵᠢᠭᠰᠠᠵᠠᠭᠠᠵᠤ᠂ ᠼᠢᠷᠺ ᠦ᠋ᠨ ᠪᠡᠶ᠎ᠡ ᠶ᠋ᠢᠨ ᠲᠠᠮᠢᠷᠴᠢᠨ ᠰᠢᠭ᠋ ᠰᠦᠷᠡᠬᠡᠢ ᠰᠤᠷᠭᠠᠭᠤᠯᠢ ᠲᠠᠢ ᠴᠡᠷᠢᠭ ᠦ᠋ᠨ ᠪᠠᠢᠯᠳᠤᠬᠤ᠂ ᠳᠡᠭᠦᠯᠢᠬᠦ᠂ ᠦᠰᠦᠷᠬᠦ ᠶ᠋ᠢ ᠪᠠᠬᠠᠳᠤᠨ ᠦᠵᠡᠵᠦ ᠮᠠᠭᠲᠠᠨ ᠬᠡᠯᠡᠯᠴᠡᠪᠡᠯ᠂ ᠮᠠᠨᠵᠤ ᠴᠠᠭᠳᠠᠭ᠎ᠠ ᠨᠠᠷ ᠤᠷᠢᠳᠤ ᠠᠳᠠᠯᠢ ᠰᠢᠷᠦᠭᠦᠯᠵᠦ᠂ ᠬᠥᠮᠦᠨ ᠠᠮᠢᠲᠠᠨ ᠢ᠋ ᠬᠥᠭᠡᠭᠡᠨ ᠵᠠᠢᠯᠠᠭᠤᠯᠬᠤ ᠦᠭᠡᠢ᠂ ᠭᠠᠭᠴᠠᠬᠦ ᠴᠡᠷᠢᠭ ᠦ᠋ᠨ ᠰᠤᠷᠭᠠᠭᠤᠯᠢ ᠬᠢᠬᠦ ᠲᠥᠪ ᠳᠤᠮᠳᠠ ᠳ᠋ᠤ᠌ ᠴᠡᠷᠢᠭ ᠦ᠋ᠨ ᠵᠢᠭᠰᠠᠭᠠᠯ ᠢ᠋ ᠡᠩ ᠦ᠋ᠨ ᠦᠵᠡᠭᠴᠢᠳ ᠡᠴᠡ ᠦᠢᠮᠡᠭᠦᠯᠬᠦ ᠦᠭᠡᠢ ᠶ᠋ᠢ ᠬᠠᠷᠠᠵᠤ᠂ ᠲᠡᠷᠡ ᠡᠳᠦᠷ ᠴᠠᠭᠳᠠᠭ᠎ᠠ ᠨᠠᠷ ᠶᠡᠬᠡᠯ᠎ᠡ ᠥᠷᠥᠰᠢᠶᠡᠯᠲᠡᠢ ᠪᠠᠢᠪᠠ᠃ 
       ᠴᠡᠷᠢᠭ ᠦ᠋ᠨ ᠰᠤᠷᠭᠠᠭᠤᠯᠢ ᠶ᠋ᠢᠨ ᠲᠡᠭᠦᠰᠬᠡᠯ ᠳ᠋ᠦ᠍ ᠵᠠᠩᠵᠤᠨ ᠤ᠋ ᠲᠤᠰᠢᠶᠠᠯ ᠶᠣᠰᠣᠭᠠᠷ᠂ ᠨᠢᠭᠡᠨ ᠴᠡᠷᠢᠭ ᠬᠣᠣᠰ ᠢᠯᠳᠦ ᠪᠠᠷᠢᠵᠤ ᠵᠢᠭᠰᠠᠭᠠᠯ ᠠ᠋ᠴᠠ ᠭᠠᠷᠴᠤ ᠢᠷᠡᠭᠡᠳ᠂ ᠮᠠᠨᠵᠤ ᠳᠠᠷᠤᠭ᠎ᠠ᠂ ᠦᠵᠡᠭᠴᠢ ᠣᠯᠠᠨ ᠤ᠋ ᠳᠣᠲᠣᠷ᠎ᠠ ᠠ᠋ᠴᠠ ᠡᠨᠡ ᠰᠡᠯᠡᠮ᠎ᠡ ᠡᠷᠭᠢᠭᠦᠯᠬᠦ ᠴᠡᠷᠢᠭ ᠢ᠋ ᠴᠢᠯᠠᠭᠤᠳᠠᠵᠤ ᠦᠵᠡᠬᠦ ᠬᠥᠮᠦᠨ ᠪᠠᠢᠨᠠᠤ? ᠬᠡᠷᠪᠡ ᠰᠡᠯᠡᠮ᠎ᠡ ᠡᠷᠭᠢᠭᠦᠯᠦᠭᠴᠢ ᠴᠡᠷᠢᠭ ᠢ᠋ ᠴᠢᠯᠠᠭᠤ ᠪᠠᠷ ᠣᠨᠣᠪᠠᠯ᠂ ᠱᠠᠩ ᠣᠯᠭᠣᠨ᠎ᠠ ᠭᠡᠬᠦ ᠳ᠋ᠦ᠍ᠨᠢ᠂ ᠦᠵᠡᠭᠴᠢᠳ ᠦ᠋ᠨ ᠳᠣᠲᠣᠷ᠎ᠠ ᠠ᠋ᠴᠠ ᠬᠢᠲᠠᠳ ᠮᠣᠩᠭᠣᠯ ᠠᠷᠪᠠᠭᠠᠳ ᠬᠥᠮᠦᠨ ᠭᠠᠷᠴᠤ ᠬᠠᠢᠷ ᠴᠢᠯᠠᠭᠤ ᠪᠠᠷᠢᠵᠠᠭᠠᠵᠤ᠂ ᠲᠡᠷᠡ ᠬᠣᠣᠰ ᠢᠯᠳᠦ ᠡᠷᠭᠢᠭᠦᠯᠬᠦ ᠴᠡᠷᠢᠭ ᠦ᠋ᠨ ᠵᠦᠭ ᠵᠦᠭ ᠡᠴᠡ ᠨᠢ ᠲᠣᠭᠣᠷᠢᠵᠠᠢ᠃ 
       ᠬᠡᠩᠭᠡᠷᠭᠡ ᠬᠠᠷᠠᠩᠭ᠎ᠠ ᠳᠡᠯᠡᠳᠦᠮᠡᠭᠴᠡ᠂ ᠴᠢᠯᠠᠭᠤ ᠪᠠᠷᠢᠭᠰᠠᠨ ᠬᠥᠮᠦᠨ ᠲᠡᠷᠡ ᠬᠢᠲᠠᠳ ᠴᠡᠷᠢᠭ ᠢ᠋ ᠵᠦᠭ ᠵᠦᠭ ᠡᠴᠡ ᠴᠢᠯᠠᠭᠤᠳᠠᠪᠠᠯ᠂ ᠰᠡᠯᠡᠮ᠎ᠡ ᠡᠷᠭᠢᠭᠦᠯᠬᠦ ᠲᠡᠷᠡ ᠴᠡᠷᠢᠭ ᠣᠯᠠᠨ ᠴᠢᠯᠠᠭᠤ ᠠ᠋ᠴᠠ ᠪᠡᠶ᠎ᠡ ᠶ᠋ᠢ ᠨᠢᠳᠦ ᠭᠦᠢᠴᠡᠬᠦ ᠦᠭᠡᠢ ᠬᠤᠷᠳᠤᠨ ᠵᠠᠢᠯᠠᠵᠤ᠂ ᠰᠡᠯᠡᠮ᠎ᠡ ᠪᠡᠨ ᠲᠣᠯᠣᠭᠠᠢ ᠭᠠᠷ ᠬᠥᠯ᠂ ᠪᠦᠬᠦ ᠪᠡᠶ᠎ᠡ ᠶ᠋ᠢ ᠲᠣᠭᠣᠷᠢᠭᠤᠯᠤᠨ ᠡᠷᠭᠢᠭᠦᠯᠵᠦ ᠴᠢᠯᠠᠭᠤ ᠶ᠋ᠢ ᠴᠣᠬᠢᠭᠰᠠᠭᠠᠷ᠂ ᠨᠢᠭᠡ ᠶ᠋ᠢ ᠴᠦ᠍ ᠪᠡᠶ᠎ᠡ ᠳ᠋ᠡᠭᠡᠨ ᠬᠠᠯᠳᠠᠭᠠᠭᠰᠠᠨ ᠦᠭᠡᠢ᠂ ᠭᠡᠨᠡᠳᠲᠡ ᠬᠠᠷᠠᠩᠭ᠎ᠠ ᠬᠡᠩᠭᠡᠷᠭᠡ ᠨᠢᠭᠡᠮᠦᠰᠦᠨ ᠵᠣᠭᠰᠣᠮᠠᠭᠴᠠ᠂ ᠴᠢᠯᠠᠭᠤ ᠰᠢᠳᠡᠬᠦ ᠬᠥᠮᠦᠨ ᠴᠦ᠍ ᠮᠥᠨ ᠰᠢᠳᠡᠬᠦ ᠶ᠋ᠢ ᠵᠣᠭᠰᠣᠵᠤ ᠲᠡᠷᠡ ᠴᠡᠷᠢᠭ᠂ ᠵᠠᠩᠵᠤᠨ ᠤ᠋ ᠠᠰᠠᠷ ᠤ᠋ᠨ ᠵᠦᠭ ᠶᠣᠰᠣᠯᠠᠨ ᠰᠥᠭᠥᠳᠦᠭᠡᠳ ᠵᠢᠭᠰᠠᠭᠠᠯ ᠳ᠋ᠠᠭᠠᠨ ᠡᠷᠭᠢᠵᠦ ᠣᠷᠣᠪᠠ᠃ ᠣᠯᠠᠨ᠂ ᠲᠡᠭᠦᠨ ᠢ᠋ ᠶᠡᠬᠡᠯ᠎ᠡ ᠱᠠᠭᠰᠢᠨ ᠮᠠᠭᠲᠠᠵᠤ᠂ ᠥᠨᠥᠬᠢ ᠴᠡᠷᠢᠭ ᠢ᠋ ᠴᠢᠯᠠᠭᠤᠳᠠᠭᠰᠠᠨ ᠬᠡᠳᠦᠨ ᠬᠥᠮᠦᠨ ᠶᠡᠬᠡᠯ᠎ᠡ ᠬᠠᠪᠠᠷᠬᠠᠨ᠂ ᠪᠠᠰᠠ ᠴᠡᠷᠢᠭ ᠭᠠᠷᠴᠤ ᠢᠷᠡᠬᠦ ᠪᠣᠯᠪᠠᠤ ᠭᠡᠵᠦ ᠬᠦᠯᠢᠶᠡᠨ ᠵᠣᠭᠰᠣᠵᠤ ᠪᠠᠢᠭᠰᠠᠨ ᠢ᠋ ᠦᠵᠡᠭᠡᠳ ᠮᠠᠨᠵᠤ ᠵᠠᠩᠵᠤᠨ᠂ ᠬᠢᠶ᠎ᠡ ᠳ᠋ᠡᠭᠠᠨ ᠨᠢᠭᠡᠨ ᠶᠠᠭᠤᠮ᠎ᠠ ᠰᠢᠪᠡᠨᠡᠨ ᠬᠡᠯᠡᠪᠡ᠃ ᠲᠡᠭᠡᠭᠡᠳ ᠲᠡᠷᠡ ᠬᠢᠶ᠎ᠡ᠂ ᠵᠠᠩᠵᠤᠨ ᠤ᠋ ᠵᠠᠬᠢᠶ᠎ᠠ ᠶ᠋ᠢ ᠴᠡᠷᠢᠭ ᠦ᠋ᠨ ᠳᠠᠷᠤᠭ᠎ᠠ ᠳ᠋ᠤ᠌ ᠤᠯᠠᠮᠵᠢᠯᠠᠨ᠂ ᠲᠡᠷᠡ ᠳᠠᠷᠤᠭ᠎ᠠ ᠴᠡᠷᠢᠭ ᠦ᠋ᠨ ᠵᠢᠭᠰᠠᠭᠠᠯ ᠠ᠋ᠴᠠ ᠨᠢᠭᠡᠨ ᠨᠠᠮᠬᠠᠨ ᠪᠡᠶ᠎ᠡ ᠲᠡᠢ ᠬᠢᠲᠠᠳ ᠴᠡᠷᠢᠭ ᠢ᠋ ᠳᠠᠭᠤᠳᠠᠨ ᠭᠠᠷᠭᠠᠪᠠ᠃ ᠲᠡᠷᠡ ᠴᠡᠷᠢᠭ᠂ ᠵᠠᠩᠵᠤᠨ ᠤ᠋ ᠠᠰᠠᠷ ᠤ᠋ᠨ ᠵᠦᠭ ᠰᠥᠭᠥᠳᠦᠨ ᠶᠣᠰᠣᠯᠠᠪᠠ᠃ ᠮᠠᠨᠵᠤ ᠴᠡᠷᠢᠭ ᠦ᠋ᠨ ᠳᠠᠷᠤᠭ᠎ᠠ ᠣᠯᠠᠨ ᠤ᠋ ᠵᠦᠭ ᠬᠠᠷᠠᠨ᠂ ᠳᠤᠷᠠᠲᠠᠢ ᠬᠥᠮᠦᠨ ᠪᠠᠢᠪᠠᠯ᠂ ᠠᠷᠪᠠ ᠬᠣᠷᠢ ᠴᠤ᠌ ᠬᠠᠮᠢᠶ᠎ᠠ ᠦᠭᠡᠢ᠂ ᠭᠠᠷ ᠲᠠᠭᠠᠨ(ᠲᠤ ᠪᠠᠨ) ᠲᠠᠰᠢᠭᠤᠷ ᠮᠣᠳᠣ ᠪᠠᠷᠢᠵᠤ᠂ ᠲᠡᠷᠡ ᠴᠡᠷᠢᠭ ᠢ᠋ ᠬᠦᠴᠦ ᠮᠡᠳᠡᠨ ᠴᠣᠬᠢᠯᠵᠤ(ᠴᠣᠬᠢᠯᠠᠵᠤ) ᠪᠣᠯᠤᠨ᠎ᠠ᠃ ᠬᠠᠷᠢᠭᠤ ᠳ᠋ᠤᠨᠢ(ᠳ᠋ᠤ᠌ ᠨᠢ) ᠲᠡᠷᠡ ᠴᠡᠷᠢᠭ᠂ ᠭᠠᠭᠴᠠ ᠭᠠᠷ ᠢ᠋ ᠨᠢ ᠬᠦᠷᠬᠦ ᠡᠴᠡ ᠪᠢᠰᠢ ᠶᠡᠷᠦ ᠪᠡᠶ᠎ᠡ ᠳ᠋ᠦ᠍ᠨᠢ (ᠳ᠋ᠦ᠍ ᠨᠢ) ᠬᠦᠷᠬᠦ ᠦᠭᠡᠢ ᠭᠡᠵᠦ ᠵᠠᠷᠯᠠᠪᠠᠯ ᠤᠯᠤᠰ᠂ ᠲᠡᠷᠡ ᠮᠠᠨᠵᠤ ᠳᠠᠷᠤᠭ᠎ᠠ ᠶ᠋ᠢᠨ ᠦᠭᠡ ᠶ᠋ᠢ ᠰᠣᠨᠣᠰᠴᠤ ᠬᠡᠷᠬᠢᠬᠦ ᠶ᠋ᠢ ᠬᠡᠯᠡᠯᠴᠡᠨ ᠬᠦᠩᠭᠢᠨᠡᠪᠡ᠃ ᠲᠡᠭᠡᠭᠡᠳ ᠠᠷᠪᠠᠨ ᠲᠠᠪᠤᠭᠠᠳ ᠬᠥᠮᠦᠨ᠂ ᠬᠤᠯᠤᠰᠤᠨ ᠲᠠᠰᠢᠭᠤᠷ᠂ ᠰᠤᠮᠤᠨ ᠮᠣᠳᠣᠨ ᠲᠠᠰᠢᠭᠤᠷ ᠪᠠᠷᠢᠵᠠᠭᠠᠵᠤ᠂ ᠲᠡᠷᠡ ᠴᠡᠷᠢᠭ ᠦ᠋ᠨ ᠵᠦᠭ ᠪᠠᠭᠠᠬᠠᠨ ᠪᠣᠯᠭᠣᠮᠵᠢᠯᠠᠰᠬᠢᠵᠤ ᠣᠢᠷᠠᠲᠤᠪᠠ(ᠣᠢᠷᠠᠳᠪᠠ)᠃  
       — ᠲᠠ ᠨᠠᠷ ᠬᠠᠷ᠎ᠠ ᠬᠦᠴᠦ ᠪᠡᠷ ᠴᠣᠬᠢᠭᠰᠠᠨ ᠴᠤ᠌᠂ ᠶᠡᠷᠦ ᠡᠨᠡ ᠴᠡᠷᠢᠭ ᠲᠦ᠍ ᠭᠡᠮ ᠪᠣᠯᠬᠤ ᠦᠭᠡᠢ᠃ ᠲᠠ ᠨᠠᠷ ᠢ᠋ ᠲᠡᠷᠡ ᠬᠥᠮᠦᠨ ᠪᠠᠷᠳᠠᠲᠠᠯ᠎ᠠ ᠴᠣᠬᠢᠬᠤ ᠦᠭᠡᠢ᠂ ᠭᠠᠭᠴᠠᠬᠦ (ᠭᠠᠭᠴᠠ ᠬᠦ᠌) ᠮᠣᠳᠣ ᠲᠠᠰᠢᠭᠤᠷ ᠪᠠᠷᠢᠭᠰᠠᠨ ᠭᠠᠷ ᠢ᠋ ᠬᠦᠷᠬᠦ ᠲᠡᠳᠦᠢ ᠪᠡᠷ ᠪᠣᠯᠤᠨ᠎ᠠ᠃ ᠡᠨᠡ ᠪᠣᠯ ᠶᠣᠰᠣᠲᠠᠢ ᠪᠠᠢᠯᠳᠤᠭᠠᠨ ᠪᠢᠰᠢ ᠲᠤᠯᠠ᠂ ᠲᠠ ᠨᠠᠷ ᠤ᠋ᠨ ᠪᠡᠶ᠎ᠡ ᠳ᠋ᠦ᠍ ᠭᠡᠮ ᠪᠣᠯᠬᠣᠷ(ᠪᠣᠯᠬᠤ ᠪᠠᠷ) ᠭᠠᠷ ᠬᠦᠷᠬᠦ ᠦᠭᠡᠢ ᠭᠡᠵᠦ ᠲᠡᠷᠡ ᠮᠠᠨᠵᠤ ᠳᠠᠷᠤᠭ᠎ᠠ ᠲᠠᠢᠯᠪᠤᠷᠢᠯᠠᠵᠤ ᠭᠦᠢᠴᠡᠭᠡᠳ ᠭᠠᠷ ᠢ᠋ᠶ᠋ᠠᠷ ᠳᠣᠬᠢᠶ᠎ᠠ ᠥᠭᠭᠦᠮᠡᠭᠴᠡ᠂ ᠬᠠᠷᠠᠩᠭ᠎ᠠ ᠬᠡᠩᠭᠡᠷᠭᠡ ᠨᠢᠵᠢᠭᠢᠨᠡᠨ ᠳᠡᠯᠡᠳᠴᠦ᠂ ᠲᠡᠷᠡ ᠴᠡᠷᠢᠭ ᠬᠠᠮᠢᠶ᠎ᠠ ᠦᠭᠡᠢ ᠳᠠᠭᠠᠷᠢᠨ ᠣᠷᠣᠭᠰᠠᠨ ᠲᠡᠷᠡ ᠪᠦᠯᠦᠭ ᠬᠥᠮᠦᠨ ᠦ᠌ ᠥᠭᠡᠳᠡ ᠡᠴᠡ ᠪᠥᠵᠢᠭᠯᠡᠬᠦ ᠮᠡᠲᠦ ᠬᠥᠩᠭᠡᠨ ᠢ᠋ᠶ᠋ᠡᠷ ᠳᠡᠭᠳᠡᠯᠬᠢᠯᠡᠨ ᠲᠠᠪᠰᠢᠵᠤ ᠭᠠᠷ ᠬᠥᠳᠡᠯᠦᠮᠡᠭᠴᠡ᠂ ᠳᠠᠭᠠᠷᠢᠨ ᠣᠷᠣᠭᠰᠠᠨ ᠲᠡᠷᠡ ᠠᠷᠪᠠᠨ ᠬᠡᠳᠦᠨ ᠬᠥᠮᠦᠨ ᠦ᠌ ᠭᠠᠷ ᠠ᠋ᠴᠠ ᠲᠠᠰᠢᠭᠤᠷ ᠨᠢ ᠥᠪᠡᠷ ᠢ᠋ᠶ᠋ᠡᠨ ᠣᠢᠴᠢᠬᠤ ᠮᠡᠲᠦ᠂ ᠲᠡᠷᠡ ᠬᠢᠲᠠᠳ ᠴᠡᠷᠢᠭ ᠬᠡᠳᠦ ᠬᠡᠳᠦ ᠡᠷᠭᠢᠮᠡᠭᠴᠡ᠂ ᠲᠠᠰᠢᠭᠤᠷᠳᠠᠨ ᠴᠥᠮ ᠭᠠᠷ ᠤ᠋ᠨ ᠪᠤᠯᠴᠢᠩ ᠢ᠋ ᠴᠣᠬᠢᠭᠤᠯᠵᠤ ᠥᠪᠡᠷ ᠦ᠋ᠨ ᠡᠷᠬᠡ ᠦᠭᠡᠢ ᠲᠠᠰᠢᠭᠤᠷ ᠮᠣᠳᠣ ᠪᠠᠨ ᠠᠯᠳᠠᠵᠠᠭᠠᠪᠠ᠃ ᠠᠷᠠᠳ ᠤ᠋ᠨ ᠪᠡᠶ᠎ᠡ ᠬᠠᠮᠠᠭᠠᠯᠠᠬᠤ ᠳᠠᠭᠠᠷᠢᠬᠤ ᠲᠡᠷᠡ ᠡᠷᠲᠡᠨ ᠦ᠌ ᠠᠷᠭ᠎ᠠ ᠳ᠋ᠤ᠌ ᠶᠡᠬᠡᠯ᠎ᠡ(ᠶᠡᠬᠡ ᠯᠡ)ᠮᠡᠷᠭᠡᠵᠢᠭᠰᠡᠨ ᠲᠡᠷᠡ ᠴᠡᠷᠢᠭ᠂ ᠠᠷᠪᠠᠨ ᠬᠡᠳᠦᠨ ᠬᠥᠮᠦᠨ ᠦ᠌ ᠪᠠᠷᠢᠭᠰᠠᠨ ᠮᠣᠳᠣ ᠲᠠᠰᠢᠭᠤᠷ ᠢ᠋ ᠴᠥᠮ ᠢ᠋ ᠭᠱᠠᠨ ᠵᠠᠭᠤᠷ᠎ᠠ ᠠᠯᠳᠠᠭᠤᠯᠤᠨ ᠴᠣᠬᠢᠭᠠᠳ᠂ ᠵᠠᠩᠵᠤᠨ ᠤ᠋ ᠠᠰᠠᠷ ᠤ᠋ᠨ ᠵᠦᠭ ᠡᠪᠦᠳᠦᠭ ᠨᠤᠭᠤᠯᠤᠨ ᠶᠣᠰᠣᠯᠠᠵᠤ᠂ ᠵᠢᠭᠰᠠᠭᠠᠯ ᠳ᠋ᠠᠭᠠᠨ (ᠳ᠋ᠤ᠌ ᠪᠠᠨ) ᠬᠥᠩᠭᠡᠨ ᠢ᠋ᠶ᠋ᠡᠷ ᠠᠯᠬᠤᠨ ᠣᠷᠣᠪᠠ᠃ ᠭᠠᠭᠴᠠ ᠬᠥᠮᠦᠨ ᠢ᠋ ᠮᠣᠳᠣ ᠲᠠᠰᠢᠭᠤᠷ ᠪᠠᠷᠢᠵᠠᠭᠠᠨ ᠳᠠᠭᠠᠷᠢᠭᠠᠳ ᠳᠠᠷᠤᠭᠳᠠᠭᠰᠠᠨ ᠲᠡᠷᠡ ᠨᠢᠭᠡᠨ ᠪᠦᠯᠦᠭ ᠬᠥᠮᠦᠨ ᠤᠨᠠᠭᠰᠠᠨ ᠮᠣᠳᠣ ᠲᠠᠰᠢᠭᠤᠷ ᠢ᠋ᠶ᠋ᠠᠨ ᠠᠪᠴᠠᠭᠠᠵᠤ᠂ ᠲᠡᠷᠡ ᠴᠡᠷᠢᠭ ᠦ᠋ᠨ ᠴᠢᠳᠠᠯ ᠢ᠋ ᠶᠡᠬᠡᠯ᠎ᠡ(ᠶᠡᠬᠡ ᠯᠡ)ᠪᠢᠰᠢᠷᠡᠨ ᠭᠠᠢᠬᠠᠵᠤ ᠣᠯᠠᠨ ᠤ᠋ ᠳᠤᠮᠳᠠ ᠬᠤᠳᠬᠤᠯᠳᠤᠨ ᠣᠷᠣᠪᠠ᠃ 
       ᠴᠡᠷᠢᠭ ᠦ᠋ᠨ ᠰᠤᠷᠭᠠᠭᠤᠯᠢ ᠶ᠋ᠢ ᠰᠢᠯᠭᠠᠨ ᠦᠵᠡᠬᠦ ᠵᠠᠩᠵᠤᠨ ᠤ᠋ ᠦᠵᠡᠯᠭᠡ ᠲᠡᠭᠦᠰᠴᠦ ᠮᠠᠨᠵᠤ ᠵᠠᠩᠵᠤᠨ᠂ ᠬᠠᠷᠢᠶᠠᠲᠤ ᠴᠡᠷᠢᠭ ᠲᠡᠭᠡᠨ ᠲᠣᠪᠴᠢ ᠦᠭᠡ ᠬᠡᠯᠡᠵᠦ᠂ ᠲᠡᠳᠡᠨ ᠦ᠌ ᠴᠡᠷᠢᠭ ᠦ᠋ᠨ ᠡᠷᠳᠡᠮ ᠢ᠋ ᠰᠠᠢᠰᠢᠶᠠᠨ᠂ ᠶᠡᠬᠡ ᠳᠠᠢᠴᠢᠩ ᠤᠯᠤᠰ ᠤ᠋ᠨ ᠭᠠᠵᠠᠷ ᠤᠰᠤᠨ ᠳ᠋ᠤ᠌ ᠬᠠᠯᠳᠠᠬᠤ ᠳᠠᠢᠰᠤᠨ ᠭᠠᠷᠪᠠᠯ᠂ ᠲᠩᠷᠢ ᠶ᠋ᠢᠨ ᠴᠡᠷᠢᠭ ᠬᠣᠷᠣᠮᠬᠠᠨ ᠵᠠᠭᠤᠷ᠎ᠠ ᠳᠠᠷᠤᠨ ᠰᠥᠨᠥᠭᠡᠵᠦ ᠴᠢᠳᠠᠬᠤ ᠨᠢ ᠡᠷᠡᠭᠡᠯᠵᠡᠭᠡ ᠦᠭᠡᠢ ᠬᠡᠷᠡᠭ ᠭᠡᠵᠦ ᠬᠡᠯᠡᠪᠡ᠃ ᠬᠢᠲᠠᠳ ᠴᠡᠷᠢᠭ᠂ ᠲᠡᠷᠡ ᠮᠠᠨᠵᠤ ᠵᠠᠩᠵᠤᠨ ᠤ᠋ ᠦᠭᠡᠨ ᠦ᠌ ᠬᠠᠷᠢᠭᠤ ᠳ᠋ᠤ᠌ ᠬᠤᠸᠠᠩᠳᠢ ᠲᠦᠮᠡᠨ ᠨᠠᠰᠤᠯᠠᠲᠤᠭᠠᠢ! ᠭᠡᠵᠦ ᠨᠢᠭᠡᠨ ᠵᠡᠷᠭᠡ ᠪᠡᠷ ᠨᠢᠷᠬᠢᠲᠡᠯ᠎ᠡ ᠬᠠᠰᠬᠢᠷᠪᠠ᠃ ᠵᠠᠩᠵᠤᠨ ᠤ᠋ ᠬᠡᠯᠡᠭᠰᠡᠨ ᠦᠭᠡ ᠶ᠋ᠢ ᠮᠣᠩᠭᠣᠯ ᠬᠡᠯᠡᠮᠦᠷᠴᠢ ᠲᠦᠰᠢᠮᠡᠯ ᠵᠣᠭᠰᠣᠭᠠᠪᠠᠷ ᠮᠣᠩᠭᠣᠯ ᠪᠣᠯᠭᠠᠵᠤ ᠮᠣᠩᠭᠣᠯ ᠴᠡᠷᠢᠭ ᠠᠷᠠᠳ ᠲᠤ᠌ ᠬᠡᠯᠡᠵᠦ ᠥᠭᠪᠡ᠃ ᠴᠡᠷᠢᠭ ᠦ᠋ᠨ ᠰᠤᠷᠭᠠᠭᠤᠯᠢ ᠶ᠋ᠢ ᠦᠵᠡᠬᠦ ᠪᠡᠷ ᠢᠷᠡᠭᠰᠡᠨ ᠮᠣᠩᠭᠣᠯ ᠮᠠᠯᠴᠢᠨ ᠠᠷᠠᠳ᠂ ᠴᠡᠷᠢᠭ᠂ ᠲᠦᠰᠢᠮᠡᠯ ᠨᠢ ᠨᠣᠭᠣᠭᠠᠨ ᠲᠤᠭ ᠤ᠋ᠨ ᠬᠦᠨᠳᠦ ᠴᠡᠷᠢᠭ ᠦ᠋ᠨ ᠴᠢᠳᠠᠯ ᠡᠷᠳᠡᠮ ᠢ᠋ ᠶᠡᠬᠡᠯ᠎ᠡ ᠪᠢᠰᠢᠷᠡᠭᠰᠡᠨ ᠪᠠᠢᠳᠠᠯ ᠲᠠᠢ ᠲᠤᠯᠠ᠂ ᠤᠯᠢᠶᠠᠰᠤᠲᠠᠢ ᠶ᠋ᠢᠨ ᠮᠠᠨᠵᠤ ᠰᠠᠢᠳ ᠵᠠᠩᠵᠤᠨ ᠲᠡᠭᠦᠨ ᠢ᠋ ᠦᠵᠡᠭᠡᠳ ᠤᠷᠮᠠᠰᠢᠵᠤ᠂ ᠰᠠᠩ ᠤ᠋ᠨ ᠬᠣᠲᠠᠨ ᠳ᠋ᠠᠭᠠᠨ ᠡᠭᠡᠪᠡ᠃ ᠤᠯᠢᠶᠠᠰᠤᠲᠠᠢ ᠶ᠋ᠢᠨ ᠮᠣᠩᠭᠣᠯ ᠰᠠᠢᠳ ᠲᠤ᠌ ᠬᠦᠷᠬᠦᠮᠵᠡᠪ ᠸᠠᠩ ᠮᠠᠨᠵᠤ ᠵᠠᠩᠵᠤᠨ ᠬᠦᠢ ᠲᠡᠢ ᠬᠦᠵᠢ ᠪᠠᠷᠢᠭᠰᠠᠨ ᠠᠬ᠎ᠠ ᠳᠡᠭᠦᠦ ᠤᠴᠢᠷ᠂ ᠬᠦᠷᠢᠶᠡᠨ ᠡᠴᠡ ᠡᠯᠴᠢ ᠳᠣᠪᠲᠣᠯᠭᠠᠵᠤ ᠶᠡᠬᠡ ᠬᠦᠷᠢᠶᠡᠨ ᠦ᠌ ᠶᠡᠷᠦᠩᠬᠡᠢᠯᠡᠨ ᠰᠢᠢᠳᠬᠡᠬᠦ ᠭᠠᠵᠠᠷ ᠠ᠋ᠴᠠ ᠶᠠᠭᠠᠷᠠᠪᠴᠢᠯᠠᠨ ᠤᠯᠢᠶᠠᠰᠤᠲᠠᠢ ᠶ᠋ᠢᠨ ᠮᠣᠩᠭᠣᠯ ᠰᠠᠢᠳ ᠲᠤ᠌ ᠨᠡᠢᠰᠯᠡᠯ ᠬᠦᠷᠢᠶᠡᠨ ᠡᠴᠡ ᠮᠠᠨᠵᠤ ᠰᠠᠨ ᠠᠮᠪᠠᠨ ᠢ᠋ ᠦᠯᠳᠡᠨ ᠬᠥᠭᠡᠭᠡᠭᠰᠡᠨ ᠤᠴᠢᠷ ᠢ᠋ ᠮᠡᠳᠡᠭᠳᠡᠭᠡᠳ᠂ ᠤᠯᠢᠶᠠᠰᠤᠲᠠᠢ ᠳ᠋ᠠᠬᠢ ᠮᠠᠨᠵᠤ ᠰᠠᠢᠳ ᠵᠠᠩᠵᠤᠨ ᠢ᠋ ᠪᠤᠴᠠᠭᠠᠵᠤ᠂ ᠴᠡᠷᠢᠭ ᠦ᠋ᠨ ᠵᠡᠪᠰᠡᠭ ᠬᠣᠷᠢᠶᠠᠨ ᠠᠪᠤᠪᠠᠯ ᠵᠣᠬᠢᠬᠤ ᠶ᠋ᠢ ᠱᠠᠭᠠᠷᠳᠠᠨ ᠲᠤᠯᠭᠠᠭᠰᠠᠨ ᠢ᠋ ᠬᠡᠳᠦᠨ ᠬᠣᠨᠣᠭ ᠤ᠋ᠨ ᠡᠮᠦᠨ᠎ᠡ ᠮᠠᠨᠵᠤ ᠵᠠᠩᠵᠤᠨ ᠬᠦᠢ ᠳ᠋ᠦ᠍ ᠬᠡᠯᠡᠵᠦ ᠥᠭᠭᠦᠭᠰᠡᠨ ᠪᠢᠯᠡ᠃ ᠮᠣᠩᠭᠣᠯ ᠰᠠᠢᠳ ᠬᠦᠷᠬᠦᠮᠵᠡᠪ ᠥᠪᠡᠷ ᠦ᠋ᠨ ᠪᠡᠶ᠎ᠡ ᠶ᠋ᠢ ᠡᠵᠡᠨ ᠬᠠᠭᠠᠨ ᠤ᠋ ᠡᠮᠦᠨ᠎ᠡ ᠰᠢᠳᠤᠷᠭᠤ ᠵᠢᠷᠤᠮ ᠢ᠋ ᠭᠦᠢᠴᠡᠳᠬᠡᠨ᠎ᠡ᠃ ᠵᠢᠷᠤᠮ ᠤ᠋ᠨ ᠠᠬ᠎ᠠ ᠵᠠᠩᠵᠤᠨ ᠳ᠋ᠤ᠌᠂ ᠶᠡᠬᠡ ᠳᠠᠢᠴᠢᠩ ᠤᠯᠤᠰ ᠤ᠋ᠨ ᠥᠭᠡᠳᠡ ᠡᠴᠡ ᠮᠥᠴᠡᠭᠡᠷᠬᠡᠭᠰᠡᠨ ᠬᠦᠷᠢᠶᠡᠨ ᠦ᠌ ᠵᠠᠰᠠᠭ ᠤ᠋ᠨ ᠭᠠᠵᠠᠷ ᠤ᠋ᠨ ᠪᠦᠬᠦ ᠲᠤᠰᠢᠶᠠᠯ ᠵᠠᠷᠯᠠᠯ ᠢ᠋ ᠨᠢᠭᠡ ᠳ᠋ᠦ᠍ ᠨᠢᠭᠡ ᠦᠭᠡᠢ ᠮᠡᠳᠡᠭᠳᠡᠵᠦ ᠪᠠᠢᠨ᠎ᠠ ᠭᠡᠵᠦ ᠪᠠᠲᠤᠯᠠᠨ ᠬᠡᠯᠡᠭᠰᠡᠨ ᠪᠠᠢᠵᠠᠢ᠃ ᠲᠡᠭᠡᠭᠡᠳ ᠤᠯᠢᠶᠠᠰᠤᠲᠠᠢ ᠶ᠋ᠢᠨ ᠵᠠᠩᠵᠤᠨ ᠬᠡᠷᠡᠭ ᠶᠠᠪᠤᠳᠠᠯ ᠨᠢᠭᠡᠨᠲᠡ ᠲᠡᠢᠮᠦ ᠪᠣᠯᠵᠤ ᠪᠠᠢᠭ᠎ᠠ ᠳ᠋ᠤ᠌ ᠰᠠᠨᠠᠭ᠎ᠠ ᠵᠣᠪᠠᠨᠢᠵᠤ᠂ ᠴᠠᠢᠵᠠ ᠶ᠋ᠢ ᠴᠡᠷᠢᠭ ᠦ᠋ᠨ ᠪᠠᠢᠳᠠᠯ ᠲᠠᠢ ᠪᠣᠯᠭᠠᠨ ᠵᠠᠷᠯᠠᠵᠤ᠂ ᠮᠠᠨᠵᠤ ᠰᠠᠢᠳ ᠤ᠋ᠨ ᠬᠠᠮᠲᠤ ᠵᠥᠪᠯᠡᠯᠳᠦᠭᠡᠳ᠂ ᠨᠣᠭᠣᠭᠠᠨ ᠲᠤᠭ ᠤᠨ ᠬᠣᠶᠠᠷ ᠮᠢᠩᠭᠠᠨ ᠬᠦᠨᠳᠦ ᠴᠡᠷᠢᠭ ᠦ᠋ᠨ ᠳᠡᠭᠡᠷ᠎ᠡ᠂ ᠬᠡᠳᠦᠢᠨ ᠨᠠᠮᠤᠷ ᠠ᠋ᠴᠠ ᠲᠤᠰ ᠬᠣᠲᠠᠨ ᠳ᠋ᠤ᠌ ᠰᠤᠯᠠ ᠢᠷᠭᠡᠨ ᠦ᠌ ᠴᠡᠷᠢᠭ ᠲᠦ᠍ ᠳᠠᠢᠴᠢᠯᠠᠭᠰᠠᠨ ᠨᠢ ᠬᠡᠷᠡᠮ ᠦ᠋ᠨ ᠳᠣᠲᠣᠭᠠᠳᠤ ᠠ᠋ᠴᠠ ᠬᠦᠴᠦᠨ ᠲᠤᠰᠠᠯᠠᠬᠤ ᠴᠡᠷᠢᠭ ᠢᠷᠡᠲᠡᠯ᠎ᠡ ᠪᠤᠶᠤ ᠬᠡᠷᠬᠢᠪᠡᠴᠦ ᠬᠠᠪᠤᠷ ᠪᠣᠯᠲᠠᠯ᠎ᠠ ᠰᠠᠩ ᠤ᠋ᠨ ᠬᠣᠲᠠ ᠶ᠋ᠢ ᠪᠠᠲᠤᠯᠠᠨ᠂ ᠵᠡᠪᠰᠡᠭ ᠮᠠᠭᠤᠲᠠᠢ ᠮᠣᠩᠭᠣᠯ ᠴᠡᠷᠢᠭ ᠢ᠋ ᠡᠰᠡᠷᠭᠦᠴᠡᠵᠦ ᠴᠢᠳᠠᠨ᠎ᠠ ᠭᠡᠵᠦ ᠵᠥᠪᠯᠡᠨ ᠲᠣᠭᠲᠠᠵᠠᠢ᠃ 
       ᠬᠦᠴᠦᠨ ᠵᠤᠵᠠᠭᠠᠳᠬᠠᠬᠤ ᠴᠡᠷᠢᠭ ᠢᠷᠡᠭᠦᠯᠬᠦ ᠲᠤᠬᠠᠢ ᠡᠯᠴᠢ ᠶ᠋ᠢ ᠤᠯᠢᠶᠠᠰᠤᠲᠠᠢ ᠠ᠋ᠴᠠ ᠬᠠᠷᠠᠬᠠᠨ ᠬᠦᠷᠢᠶᠡᠨ ᠦ᠌ ᠶᠡᠷᠦᠩᠬᠡᠢᠯᠡᠨ ᠰᠢᠢᠳᠬᠡᠬᠦ ᠭᠠᠵᠠᠷ ᠤ᠋ᠨ ᠮᠠᠲᠠᠯ ᠳ᠋ᠤ᠌ ᠳᠠᠭᠠᠵᠤ ᠣᠷᠣᠭ᠎ᠠ ᠦᠭᠡᠢ ᠪᠠᠷᠠᠭᠤᠨ ᠬᠣᠶᠠᠷ ᠠᠢᠮᠠᠭ ᠤ᠋ᠨ ᠥᠷᠲᠡᠭᠡ ᠪᠡᠷ ᠳᠤᠮᠳᠠᠳᠤ ᠤᠯᠤᠰ ᠲᠤ᠌ ᠶᠠᠭᠠᠷᠠᠨ ᠳᠣᠪᠲᠣᠯᠭᠠᠵᠤ᠂ ᠪᠠᠰᠠ ᠤᠯᠢᠶᠠᠰᠤᠲᠠᠢ ᠬᠠᠪᠢ ᠶ᠋ᠢᠨ ᠮᠣᠩᠭᠣᠯᠴᠤᠳ᠂ ᠮᠥᠨ ᠤᠯᠢᠶᠠᠰᠤᠲᠠᠢ ᠶ᠋ᠢᠨ ᠮᠣᠩᠭᠣᠯ ᠴᠡᠷᠢᠭ ᠲᠦ᠍ ᠬᠢᠲᠠᠳ ᠴᠡᠷᠢᠭ ᠦ᠋ᠨ ᠰᠦᠷ ᠬᠦᠴᠦ ᠶ᠋ᠢ ᠦᠵᠡᠭᠦᠯᠵᠦ᠂ ᠵᠢᠷᠦᠬᠡ ᠶ᠋ᠢ ᠦᠬᠦᠭᠦᠯᠬᠦ ᠭᠡᠵᠦ ᠵᠠᠩᠵᠤᠨ ᠠᠮᠪᠠᠨ ᠬᠣᠶᠠᠷ ᠲᠡᠢᠨᠬᠦ ᠴᠡᠷᠢᠭ ᠦ᠋ᠨ ᠰᠤᠷᠭᠠᠭᠤᠯᠢ ᠶ᠋ᠢ ᠣᠯᠠᠨ ᠤ᠋ ᠡᠮᠦᠨ᠎ᠡ ᠰᠢᠯᠭᠠᠵᠤ ᠦᠵᠡᠬᠦ ᠭᠡᠵᠦ ᠲᠣᠭᠲᠠᠭᠠᠭᠰᠠᠨ ᠨᠠᠷᠢᠨ ᠠᠷᠭ᠎ᠠ ᠪᠠᠢᠵᠠᠢ᠃  
       ᠮᠣᠩᠭᠣᠯ ᠰᠠᠢᠳ ᠲᠠᠢᠴᠢᠩ ᠸᠠᠩ ᠭᠦᠷᠭᠦᠮᠵᠡᠪ ᠴᠡᠷᠢᠭ ᠦ᠋ᠨ ᠰᠤᠷᠭᠠᠭᠤᠯᠢ ᠬᠢᠬᠦ ᠶ᠋ᠢ ᠦᠵᠡᠵᠦ ᠲᠠᠷᠠᠮᠠᠭᠴᠠ᠂ ᠶᠠᠮᠤᠨ ᠳ᠋ᠤᠨᠢ ᠬᠦᠷᠢᠶᠡᠨ ᠡᠴᠡ ᠢᠷᠡᠭᠰᠡᠨ ᠡᠯᠴᠢ᠂ ᠰᠡᠴᠡᠨ ᠬᠠᠨ ᠲᠦᠰᠢᠶᠡᠲᠦ ᠬᠠᠨ ᠬᠣᠶᠠᠷ ᠠᠢᠮᠠᠭ ᠤ᠋ᠨ ᠨᠢᠵᠡᠭᠡᠳ ᠲᠤᠰᠠᠯᠠᠭᠴᠢ ᠲᠦᠰᠢᠮᠡᠯ ᠢᠷᠡᠵᠦ ᠮᠣᠩᠭᠣᠯ ᠰᠠᠢᠳ ᠵᠠᠩᠵᠤᠨ ᠬᠣᠶᠠᠷ ᠢ᠋ ᠤᠯᠢᠶᠠᠰᠤᠲᠠᠢ ᠠ᠋ᠴᠠ ᠮᠠᠨᠵᠤ ᠰᠠᠢᠳ ᠵᠠᠩᠵᠤᠨ ᠢ᠋ ᠬᠥᠭᠡᠭᠡᠨ ᠵᠠᠢᠯᠠᠭᠤᠯᠬᠤ ᠶᠠᠪᠤᠳᠠᠯ ᠢ᠋ ᠨᠡᠩ ᠳᠠᠷᠤᠢᠬᠠᠨ ᠭᠦᠢᠴᠡᠳᠭᠡ ᠭᠡᠰᠡᠨ ᠬᠦᠷᠢᠶᠡᠨ ᠦ᠌ ᠵᠠᠰᠠᠭ ᠤ᠋ᠨ ᠭᠠᠵᠠᠷ ᠤ᠋ᠨ ᠠᠯᠪᠠᠨ ᠪᠢᠴᠢᠭ᠂ ᠵᠡᠭᠦᠨ ᠬᠣᠶᠠᠷ ᠠᠢᠮᠠᠭ ᠤ᠋ᠨ ᠬᠦᠰᠡᠨ ᠱᠠᠭᠠᠷᠳᠠᠬᠤ ᠪᠢᠴᠢᠭ ᠠᠪᠴᠢᠷᠠᠭᠰᠠᠨ ᠪᠠᠢᠪᠠ᠃  
       ᠭᠦᠷᠭᠦᠮᠵᠡᠪ ᠸᠠᠩ ᠲᠡᠷᠡ ᠪᠢᠴᠢᠭ ᠦᠵᠡᠵᠦ ᠬᠣᠶᠠᠷ ᠡᠯᠴᠢ ᠲᠡᠢ ᠨᠢᠭᠤᠷ ᠲᠤᠯᠭᠠᠷᠠᠨ ᠤᠴᠠᠷᠠᠵᠤ᠂ ᠰᠢᠬᠠᠭᠳᠠᠨ ᠱᠠᠭᠠᠷᠳᠠᠭᠤᠯᠬᠤ ᠳ᠋ᠠᠭᠠᠨ᠂ ᠬᠠᠳᠠᠨ ᠳ᠋ᠤ᠌ ᠬᠠᠪᠴᠢᠭᠤᠯᠤᠭᠳᠠᠵᠤ ᠤᠷᠭᠤᠭᠰᠠᠨ ᠲᠥᠮᠥᠰᠥ ᠰᠢᠭ ᠨᠢᠭᠡ ᠲᠠᠯ᠎ᠠ ᠠ᠋ᠴᠠ ᠮᠣᠩᠭᠣᠯ ᠵᠠᠰᠠᠭ ᠤ᠋ᠨ ᠱᠠᠭᠠᠷᠳᠠᠯᠭ᠎ᠠ ᠪᠡᠷᠬᠡ᠂ ᠨᠥᠭᠦᠭᠡ ᠲᠠᠯ᠎ᠠ ᠠ᠋ᠴᠠ ᠮᠠᠨᠵᠤ ᠵᠠᠩᠵᠤᠨ ᠠᠶᠤᠯᠲᠠᠢ ᠰᠠᠨᠠᠭᠳᠠᠭᠠᠳ ᠠᠷᠭ᠎ᠠ ᠪᠤᠶᠤ ᠬᠣᠶᠠᠷ ᠡᠯᠴᠢ ᠳ᠋ᠦ᠍ ᠤᠯᠢᠶᠠᠰᠤᠲᠠᠢ ᠶ᠋ᠢᠨ ᠰᠠᠩ ᠤ᠋ᠨ ᠬᠣᠲᠠ ᠭᠡᠳᠡᠭ ᠴᠠᠢᠵᠠ ᠶ᠋ᠢᠨ ᠪᠡᠬᠢᠯᠡᠨ ᠪᠠᠲᠤᠯᠠᠭᠰᠠᠨ ᠨᠢ ᠲᠤᠩ ᠴᠤ᠌ ᠰᠦᠷᠡᠬᠡᠢ᠂ ᠶᠡᠷᠦ ᠬᠠᠯᠳᠠᠬᠤ ᠳ᠋ᠤ᠌ ᠪᠡᠷᠬᠡ᠂ ᠪᠠᠰᠠ ᠪᠠᠷᠠᠭᠤᠨ ᠬᠣᠶᠠᠷ ᠠᠢᠮᠠᠭ ᠤ᠋ᠨ ᠴᠡᠷᠢᠭ ᠴᠥᠭᠡᠨ᠂ ᠵᠡᠪᠰᠡᠭ ᠶᠠᠳᠠᠭᠤ᠂ ᠤᠯᠢᠶᠠᠰᠤᠲᠠᠢ ᠶ᠋ᠢᠨ ᠴᠠᠢᠵᠠᠨ ᠳ᠋ᠤ᠌ ᠪᠠᠲᠤᠯᠠᠨ ᠰᠠᠭᠤᠭᠰᠠᠨ ᠬᠦᠨᠳᠦ ᠴᠡᠷᠢᠭ ᠰᠤᠷᠭᠠᠭᠤᠯᠢ ᠰᠠᠢᠲᠠᠢ᠂ ᠵᠡᠪᠰᠡᠭ ᠬᠤᠷᠴᠠ᠂ ᠬᠡᠷᠬᠢᠪᠡᠴᠦ ᠳᠤᠯᠠᠭᠠᠨ ᠪᠠᠢᠷᠢ ᠠ᠋ᠴᠠ ᠲᠡᠰᠬᠢᠮ᠎ᠡ ᠬᠦᠢᠲᠡᠨ ᠳ᠋ᠦ᠍ ᠰᠠᠯᠬᠤ ᠶ᠋ᠢ ᠬᠦᠰᠡᠬᠦ ᠦᠭᠡᠢ᠂ ᠦᠬᠦᠬᠦᠸᠡᠷ ᠪᠠᠢᠯᠳᠤᠬᠤ ᠪᠣᠯᠤᠨ᠎ᠠ ᠪᠢᠵᠡ᠃ ᠮᠣᠩᠭᠣᠯ ᠴᠡᠷᠢᠭ ᠦ᠋ᠨ ᠠᠭᠲᠠ ᠣᠨᠣᠯᠭ᠎ᠠ ᠡᠴᠡᠩᠬᠡᠢ᠂ ᠶᠡᠷᠦ ᠬᠠᠪᠤᠷ ᠪᠣᠯᠲᠠᠯ᠎ᠠ ᠬᠦᠯᠢᠶᠡᠬᠦ ᠡᠴᠡ ᠳᠡᠭᠡᠷ᠎ᠡ ᠠᠷᠭ᠎ᠠ ᠦᠭᠡᠢ᠃ ᠬᠠᠪᠤᠷ᠂ ᠬᠢᠲᠠᠳ ᠴᠡᠷᠢᠭ ᠰᠠᠩ ᠤ᠋ᠨ ᠬᠣᠲᠠᠨ ᠳ᠋ᠤ᠌ ᠪᠠᠢᠭ᠎ᠠ ᠠᠮᠤ ᠪᠤᠳᠠᠭ᠎ᠠ ᠶ᠋ᠢ ᠢᠳᠡᠵᠦ ᠪᠠᠷᠠᠭᠠᠳ᠂ ᠪᠠᠢᠯᠳᠤᠭᠠᠨ ᠲᠤᠯᠤᠯᠳᠤᠭᠠᠨ ᠬᠢᠯ ᠦᠭᠡᠢ ᠥᠪᠡᠷᠰᠡᠳ ᠢ᠋ᠶ᠋ᠡᠨ ᠬᠢᠲᠠᠳ ᠨᠤᠲᠤᠭ ᠲᠠᠭᠠᠨ ᠪᠤᠴᠠᠬᠤ ᠪᠢᠵᠡ ᠠ᠋ ᠭᠡᠬᠦ ᠵᠡᠷᠭᠡ ᠪᠡᠷ ᠠᠯᠢ ᠪᠣᠯᠬᠤ ᠪᠥᠭᠡᠷᠡᠩᠬᠡᠢ ᠪᠣᠯᠭᠣᠮᠵᠢᠲᠠᠢ ᠦᠭᠡ ᠪᠡᠷ ᠬᠣᠢᠰᠢᠯᠠᠭᠤᠯᠬᠤ ᠶ᠋ᠢ ᠬᠢᠴᠢᠶᠡᠨ᠂ ᠭᠠᠴᠢᠭᠳᠠᠯ ᠢ᠋ᠶ᠋ᠠᠨ ᠬᠣᠶᠠᠷ ᠡᠯᠴᠢ ᠳ᠋ᠦ᠍ ᠤᠳᠠᠲᠠᠯ᠎ᠠ ᠲᠣᠭᠠᠴᠢᠪᠠ᠃ ᠡᠯᠴᠢ ᠨᠠᠷ᠂ ᠬᠣᠢᠰᠢ ᠰᠠᠭᠤᠬᠤ ᠳᠤᠷᠠᠲᠠᠢ ᠲᠡᠷᠡ ᠨᠣᠶᠠᠨ ᠲᠠᠢ ᠦᠳᠡᠰᠢ ᠪᠦᠷᠦᠢ ᠪᠣᠯᠲᠠᠯ᠎ᠠ ᠬᠡᠯᠡᠯᠴᠡᠨ ᠬᠥᠳᠡᠯᠭᠡᠵᠦ ᠶᠠᠳᠠᠭᠠᠳ᠂ ᠮᠣᠩᠭᠣᠯ ᠴᠡᠷᠢᠭ ᠦ᠋ᠨ ᠵᠠᠩᠵᠤᠨ ᠭᠣᠮᠪᠤᠰᠦ᠋ᠷᠦᠩ ᠦ᠋ᠨ ᠳ᠋ᠦ᠍ ᠣᠴᠢᠵᠤ ᠬᠣᠷᠣᠰᠤᠨ ᠪᠣᠳᠣᠭᠰᠠᠨ ᠢ᠋ᠶ᠋ᠠᠨ ᠨᠢᠭᠡ ᠳ᠋ᠦ᠍ ᠨᠢᠭᠡ ᠦᠭᠡᠢ ᠲᠣᠭᠠᠴᠢᠵᠤ᠂ ᠪᠢᠳᠡ ᠴᠦ᠍ ᠮᠡᠳᠡᠨ᠎ᠡ᠂ ᠬᠦᠷᠢᠶᠡᠨ ᠳ᠋ᠦ᠍ ᠴᠦ᠍ ᠮᠥᠨ ᠮᠡᠳᠡᠨ᠎ᠡ᠂ ᠲᠠᠨ ᠤ᠋ ᠮᠣᠩᠭᠣᠯ ᠰᠠᠢᠳ ᠸᠠᠩ᠂ ᠶᠡᠷᠦ ᠬᠦᠵᠢ ᠪᠠᠷᠢᠭᠰᠠᠨ ᠮᠠᠨᠵᠤ ᠵᠠᠩᠵᠤᠨ ᠠᠬ᠎ᠠ ᠶ᠋ᠢᠨ ᠲᠠᠯ᠎ᠠ ᠶ᠋ᠢ ᠪᠠᠷᠢᠵᠤ ᠬᠣᠢᠰᠢ ᠰᠠᠭᠤᠳᠠᠭ ᠬᠥᠮᠦᠨ ᠪᠠᠢᠨ᠎ᠠ᠃ ᠬᠠᠷᠢᠨ ᠲᠠ᠂ ᠮᠣᠩᠭᠣᠯ ᠴᠡᠷᠢᠭ ᠦ᠋ᠨ ᠵᠠᠩᠵᠤᠨ ᠤ᠋ ᠬᠤᠪᠢ ᠳ᠋ᠤ᠌ ᠥᠪᠡᠷ ᠦ᠋ᠨ ᠮᠣᠩᠭᠣᠯ ᠵᠠᠰᠠᠭ ᠤ᠋ᠨ ᠭᠠᠵᠠᠷ ᠤ᠋ᠨ ᠲᠠᠯ᠎ᠠ ᠪᠠᠷᠢᠬᠤ ᠬᠥᠮᠦᠨ ᠪᠠᠢᠬᠤ ᠶᠣᠰᠣᠲᠠᠢ ᠭᠡᠪᠡᠯ ᠡᠪᠦᠭᠡᠨ ᠭᠣᠮᠪᠤᠰᠦ᠋ᠷᠦᠩ ᠸᠠᠩ ᠠᠶᠤᠨ ᠰᠢᠷᠪᠡᠭᠡᠲᠦᠵᠦ᠂ ᠮᠠᠷᠭᠠᠰᠢ ᠪᠣᠯᠲᠠᠯ᠎ᠠ ᠬᠦᠯᠢᠶᠡᠨᠡᠦ᠃ ᠪᠢ ᠬᠡᠷᠬᠢᠨ ᠲᠠᠨ ᠤ᠋ ᠵᠠᠬᠢᠶ᠎ᠠ ᠶ᠋ᠢ ᠭᠦᠢᠴᠡᠳᠬᠡᠬᠦ ᠲᠤᠬᠠᠢ ᠠᠷᠭ᠎ᠠ ᠰᠦᠪᠡᠭᠴᠢᠯᠡᠨ ᠪᠣᠳᠣᠵᠤ ᠬᠣᠨᠣᠶ᠎ᠠ᠃ ᠮᠠᠷᠭᠠᠰᠢ ᠥᠷᠯᠥᠭᠡ ᠨᠢᠭᠡᠨ ᠤᠴᠢᠷ ᠣᠯᠳᠠᠬᠤ ᠪᠣᠢ ᠭᠡᠵᠦ ᠬᠣᠶᠠᠷ ᠡᠯᠴᠢ ᠶ᠋ᠢᠨ ᠰᠡᠳᠬᠢᠯ ᠢ᠋ ᠲᠠᠢᠳᠬᠤᠷᠠᠭᠤᠯᠵᠤ᠂ ᠪᠠᠭᠠᠲᠤᠷ ᠳ᠋ᠢᠶᠠᠨ ᠬᠦᠷᠲᠡᠯ᠎ᠡ ᠦᠳᠡᠵᠦ᠂ ᠶᠡᠬᠡᠯ᠎ᠡ ᠨᠠᠢᠷᠲᠠᠢ ᠶᠣᠰᠣᠭᠠᠷ ᠬᠠᠭᠠᠴᠠᠪᠠ᠃ 
       ᠬᠣᠶᠠᠷ ᠡᠯᠴᠢ ᠢᠷᠡᠭᠰᠡᠨ ᠬᠡᠷᠡᠭ ᠪᠦᠲᠦᠬᠦ ᠪᠢᠵᠡ ᠭᠡᠵᠦ ᠳᠣᠲᠣᠷ᠎ᠠ ᠣᠩᠭᠣᠢᠵᠤ᠂ ᠲᠡᠷᠡ ᠰᠥᠨᠢ ᠳ᠋ᠡᠭᠡᠨ ᠪᠠᠭᠠᠲᠤᠷ ᠳ᠋ᠢᠶᠠᠨ ᠳ᠋ᠤ᠌ ᠰᠠᠨᠠᠭ᠎ᠠ ᠠᠮᠤᠷ ᠤᠨᠲᠠᠵᠤ ᠬᠣᠨᠣᠭᠠᠳ ᠮᠠᠷᠭᠠᠰᠢ ᠥᠷᠯᠥᠭᠡ ᠨᠢ ᠮᠣᠩᠭᠣᠯ ᠵᠠᠩᠵᠤᠨ ᠤ᠋ ᠶᠠᠮᠤᠨ ᠳ᠋ᠤ᠌ ᠣᠴᠢᠪᠠᠯ᠂ ᠨᠢᠭᠡ ᠴᠦ᠍ ᠬᠥᠮᠦᠨ ᠦᠭᠡᠢ ᠬᠣᠪ ᠬᠣᠭᠣᠰᠣᠨ ᠪᠣᠯᠵᠠᠢ᠃ 
       ᠭᠣᠮᠪᠤᠰᠦ᠋ᠷᠦᠩ ᠸᠠᠩ᠂ ᠬᠣᠶᠠᠷ ᠡᠯᠴᠢ ᠶ᠋ᠢᠨ ᠱᠠᠭᠠᠷᠳᠠᠨ ᠰᠢᠪᠠᠳᠠᠬᠤ ᠳ᠋ᠤ᠌᠂ ᠡᠨᠡᠬᠡᠨ ᠲᠡᠷᠡᠬᠡᠨ ᠭᠡᠵᠦ ᠦᠭᠡ ᠪᠡᠷ ᠲᠦᠯᠬᠢᠨ ᠬᠣᠢᠰᠢᠯᠠᠭᠤᠯᠵᠤ ᠪᠣᠯᠬᠤ ᠦᠭᠡᠢ ᠬᠡᠴᠡᠭᠦᠦ ᠪᠣᠯᠪᠠ ᠭᠡᠵᠦ ᠠᠶᠤᠵᠤ ᠲᠡᠷᠡ ᠰᠥᠨᠢ ᠳ᠋ᠡᠭᠡᠨ᠂ ᠵᠠᠩᠵᠤᠨ ᠲᠤᠭ ᠲᠠᠮᠠᠭ᠎ᠠ᠂ ᠳᠠᠩᠰᠠ ᠬᠠᠷ᠎ᠠ ᠶ᠋ᠢ ᠠᠪᠴᠤ ᠲᠦᠰᠢᠮᠡᠯ᠂ ᠪᠢᠴᠢᠭᠡᠴᠢ᠂ ᠭᠠᠯᠴᠢ ᠲᠠᠬᠠᠷ ᠢ᠋ ᠬᠦᠷᠲᠡᠯ᠎ᠡ ᠳᠠᠭᠠᠭᠤᠯᠤᠨ᠂ ᠰᠥᠨᠢ ᠥᠷᠲᠡᠭᠡᠯᠡᠨ ᠵᠠᠰᠠᠭᠲᠤ ᠬᠠᠨ ᠠᠢᠮᠠᠭ ᠤ᠋ᠨ ᠵᠠᠩᠵᠤᠨ ᠶᠠᠮᠤᠨ ᠤ᠋ ᠵᠦᠭ ᠤᠷᠭᠤᠨ ᠪᠣᠰᠴᠠᠢ᠃ * ᠬᠦᠷᠢᠶᠡᠨ ᠦ᠌ ᠬᠣᠶᠠᠷ ᠡᠯᠴᠢ᠂ ᠤᠯᠢᠶᠠᠰᠤᠲᠠᠢ ᠶ᠋ᠢᠨ ᠮᠣᠩᠭᠣᠯ ᠵᠠᠩᠵᠤᠨ ᠤ᠋ ᠬᠣᠭᠣᠰᠣᠨ ᠬᠠᠩᠭᠠᠢ ᠬᠡᠳᠦᠨ ᠭᠡᠷ ᠢ᠋ ᠡᠭᠦᠳᠡ ᠳᠠᠷᠠᠭᠠᠯᠠᠨ ᠰᠡᠬᠦᠵᠦ ᠶᠠᠭᠤ ᠪᠣᠯᠤᠭᠰᠠᠨ ᠢ᠋ ᠭᠠᠢᠬᠠᠨ ᠪᠠᠭᠠᠲᠤᠷ ᠳ᠋ᠢᠶᠠᠨ ᠳ᠋ᠠᠭᠠᠨ ᠢᠷᠡᠪᠡᠯ᠂ ᠤᠯᠢᠶᠠᠰᠤᠲᠠᠢ ᠶ᠋ᠢᠨ ᠮᠣᠩᠭᠣᠯ ᠰᠠᠢᠳ ᠤ᠋ᠨ ᠵᠠᠷᠤᠯᠭ᠎ᠠ ᠢᠷᠡᠵᠦ᠂ ᠰᠠᠢᠳ ᠸᠠᠩ ᠳᠠᠭᠤᠳᠠᠵᠤ ᠪᠠᠢᠨ᠎ᠠ ᠭᠡᠪᠡ᠃ 
       ᠰᠠᠢᠳ ᠤ᠋ᠨ ᠦᠷᠭᠦᠭᠡᠨ ᠳ᠋ᠦ᠍ ᠠᠭᠤᠯᠵᠠᠬᠤ ᠪᠠᠷ ᠣᠴᠢᠪᠠᠯ᠂ ᠭᠦᠷᠬᠦᠮᠵᠠᠪ (ᠶᠡᠬᠡ)ᠯᠡ ᠠᠭᠤᠷ ᠲᠠᠢ᠂ ᠶᠡᠷᠦ ᠬᠣᠶᠠᠷ ᠡᠯᠴᠢ ᠶ᠋ᠢ ᠣᠷᠣᠵᠤ ᠢᠷᠡᠬᠦ ᠳ᠋ᠦ᠍ ᠰᠠᠭᠤ ᠴᠤ᠌ ᠭᠡᠵᠦ ᠬᠡᠯᠡᠭᠰᠡᠨ ᠦᠭᠡᠢ ᠠᠮᠠ ᠨᠡᠭᠡᠭᠡᠮᠡᠭᠴᠡ᠂ ᠬᠣᠶᠠᠷ ᠡᠯᠴᠢ ᠶ᠋ᠢ ᠳᠣᠩᠭᠣᠳᠤᠨ᠂ ᠲᠠ ᠬᠣᠶᠠᠷ ᠬᠠᠪᠴᠢᠨ ᠰᠢᠬᠠᠭᠰᠠᠭᠠᠷ᠂ ᠡᠪᠦᠭᠡᠨ ᠵᠠᠩᠵᠤᠨ ᠢ᠋ ᠵᠠᠰᠠᠭᠲᠤ ᠬᠠᠨ ᠤ᠋ ᠵᠦᠭ ᠤᠷᠭᠤᠨ ᠵᠠᠢᠯᠠᠬᠤ ᠳ᠋ᠤ᠌ ᠭᠥᠷᠦᠭᠦᠯᠪᠡ ᠭᠡᠵᠦ ᠶᠡᠬᠡᠯ᠎ᠡ(ᠶᠡᠬᠡ ᠯᠡ) ᠪᠤᠷᠤᠭᠤᠰᠢᠶᠠᠵᠤ᠂ 
       — ᠵᠦᠢ ᠨᠢ ᠲᠠ ᠬᠣᠶᠠᠷ ᠢ᠋ ᠪᠠᠷᠢᠵᠤ᠂ ᠮᠠᠨᠵᠤ ᠵᠠᠩᠵᠤᠨ ᠳ᠋ᠤ᠌ ᠲᠤᠰᠢᠶᠠᠪᠠᠯ ᠵᠣᠬᠢᠬᠤ ᠪᠢᠯᠡ᠃ ᠭᠠᠭᠴᠠᠬᠦ ᠲᠡᠷᠡ ᠵᠠᠩᠵᠤᠨ᠂ ᠲᠠ ᠬᠣᠶᠠᠷ ᠢ᠋ ᠠᠯᠠᠬᠤ ᠠ᠋ᠴᠠ ᠥᠴᠦᠬᠡᠨ ᠴᠦ᠍ ᠠᠶᠤᠬᠤ ᠦᠭᠡᠢ᠂ ᠨᠥᠭᠥᠭᠡᠲᠡᠭᠡᠭᠦᠷ ᠮᠢᠨᠦ ᠪᠡᠶ᠎ᠡ ᠮᠣᠩᠭᠣᠯ ᠬᠥᠮᠦᠨ ᠲᠤᠯᠠ᠂ ᠲᠠ ᠬᠣᠶᠠᠷ ᠢ᠋ ᠦᠷᠦ ᠡᠪᠡᠳᠳᠦᠨ ᠲᠠᠯᠪᠢᠪᠠ᠃ ᠲᠠᠨᠠᠷ ᠡᠨᠳᠡ ᠡᠴᠡ ᠰᠡᠭ ᠰᠡᠪᠡᠰᠦ ᠦᠭᠡᠢ ᠠᠷᠢᠯᠵᠤ᠂ ᠤᠯᠢᠶᠠᠰᠤᠲᠠᠢ ᠠ᠋ᠴᠠ ᠵᠠᠢᠯᠠ ᠭᠡᠵᠦ ᠤᠨᠲᠤᠭᠤᠴᠠᠨ ᠬᠡᠯᠡᠪᠡ᠃ ᠬᠣᠶᠠᠷ ᠡᠯᠴᠢ ᠴᠠᠷᠳᠠᠭᠤᠯ ᠬᠤᠭᠤᠷᠠᠵᠤ᠂ ᠤᠷᠮ᠎ᠠ ᠦᠭᠡᠢ ᠪᠣᠯᠤᠭᠠᠳ ᠪᠡᠶ᠎ᠡ ᠪᠡᠶ᠎ᠡ ᠶ᠋ᠢᠨ ᠥᠭᠡᠳᠡ ᠡᠴᠡ ᠬᠠᠷᠠᠭᠠᠳ᠂ ᠠᠷᠭ᠎ᠠ ᠪᠤᠶᠤ ᠸᠠᠩ ᠤ᠋ᠨ ᠡᠮᠦᠨ᠎ᠡ ᠰᠥᠭᠥᠳᠦᠨ ᠰᠠᠯᠬᠤ ᠶᠣᠰᠣ ᠬᠢᠭᠡᠳ ᠮᠣᠷᠳᠠᠪᠠ᠃ 

— — — — 
 * ᠥᠨᠥᠴᠢᠨ ᠥᠷᠥᠭᠡᠰᠦᠨ ᠬᠥᠮᠦᠨ ᠦ᠌᠂ ᠠᠯᠲᠠᠨ ᠳᠡᠯᠡᠬᠡᠢ ᠳ᠋ᠦ᠍ ᠠᠵᠤ ᠲᠥᠷᠥᠬᠦ ᠨᠢ ᠬᠡᠴᠡᠭᠦᠦ ᠠ᠋᠃ 
 * ᠦᠨᠡᠨ ᠬᠡᠷᠡᠭ᠃

       ᠦᠰᠦᠭ ᠠᠮᠢᠯᠠᠭᠤᠯᠤᠭᠴᠢ᠄ ᠪᠠᠯ᠂ ᠰᠠᠷᠠᠨᠲᠤᠶᠠᠭ᠎ᠠ᠂ ᠣᠶᠤᠨᠪᠠᠲᠤ᠂ ᠣᠶᠤᠨᠪᠢᠯᠢᠭ᠌᠂ ᠮᠥᠩᠭᠦᠡᠭᠤᠸ᠎ᠠ᠂ 
                                 ᠮᠧᠢ ᠬᠤᠸᠠ᠂ ᠤᠢᠭᠤᠷᠵᠢᠨ·ᠣᠳᠬᠣᠨᠪᠠᠪᠠ᠂ ᠪᠠᠳᠮᠠᠰᠡᠴᠡᠨ
        ᠬᠢᠨᠠᠭᠴᠢ᠄ ᠣᠳᠬᠣᠨᠴᠡᠴᠡᠭ᠂ ᠲ· ᠬᠦᠮᠦᠵᠢᠯᠲᠦ᠂ ᠤᠢᠭᠤᠷᠵᠢᠨ·ᠣᠳᠬᠣᠨᠪᠠᠪᠠ᠂ ᠣᠶᠤᠨᠪᠠᠲᠤ᠂ ᠪᠠᠳᠮᠠᠰᠡᠴᠡᠨ᠂ ᠪᠠᠯ
        ᠤᠩᠰᠢᠭᠴᠢ ᠄  ᠨᠠᠰᠤᠨ᠌ᠦ᠌ᠯᠵᠡᠢ