ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠬᠣᠶᠠᠷ Үүрийн туяа II – Б ᠂ Ренчин Хоёрдугаар дэвтэр "Гал усны гашуун зовлон"-2 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠬᠣᠶᠠᠷ Үүрийн туяа II – Б ᠂ Ренчин Хоёрдугаар дэвтэр "Гал усны гашуун зовлон"-2

ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠬᠣᠶᠠᠷ Үүрийн туяа II – Б ᠂ Ренчин Хоёрдугаар дэвтэр "Гал усны гашуун зовлон"-2

ᠠᠩᠭᠢᠯᠠᠯ:ᠲᠤᠭᠤᠵᠢ ᠷᠣᠮᠠᠨ
2024-12-21

346

ᠬᠣᠶᠠᠷ᠂ ᠬᠠᠭᠠᠨ ᠤ ᠬᠡᠰᠢᠭ


                          Шевченко  *  
      
                  Виж таки люди не собаки. 
                  На щ,о здалися вам пасрi!
                  На ш,оздалися вам цасрi!
                  О,люди люди небораки!
      
   
       ᠣᠯᠠᠨ ᠵᠢᠩᠬᠢᠨᠢ᠂ ᠲᠠᠯ᠎ᠠ ᠪᠢᠴᠢᠭᠡᠴᠢ ᠨᠠᠷ᠂ ᠲᠦᠷ ᠵᠠᠰᠠᠭ ᠤ᠋ᠨ ᠭᠠᠵᠠᠷ ᠪᠣᠯᠤᠭᠰᠠᠨ ᠪᠦᠭᠦᠳᠡ ᠶᠡᠷᠦᠩᠬᠡᠢᠯᠡᠨ ᠰᠢᠢᠳᠬᠡᠬᠦ ᠭᠠᠵᠠᠷ ᠤ᠋ᠨ ᠠᠯᠪᠠᠨ ᠦ᠌ ᠭᠡᠷ ᠲᠦ᠍ ᠡᠳᠦᠷ ᠰᠥᠨᠢ ᠦᠭᠡᠢ ᠨᠢᠳᠦ ᠪᠡᠨ ᠤᠯᠠᠢᠲᠠᠯ᠎ᠠ ᠰᠠᠭᠤᠵᠤ᠂ ᠠᠷᠤ ᠮᠣᠩᠭᠣᠯ ᠤ᠋ᠨ ᠳᠥᠷᠪᠡᠨ ᠠᠢᠮᠠᠭ ᠤ᠋ᠨ ᠵᠠᠩᠵᠤᠨ᠂ ᠣᠯᠠᠨ ᠵᠠᠰᠠᠭ ᠨᠣᠶᠠᠳ᠂ ᠮᠥᠨ ᠥᠪᠥᠷ ᠵᠢᠷᠭᠤᠭᠠᠨ ᠴᠢᠭᠤᠯᠭᠠᠨ ᠳ᠋ᠤ᠌ ᠶᠡᠷᠦᠩᠬᠡᠢᠯᠡᠨ ᠰᠢᠢᠳᠬᠡᠬᠦ ᠭᠠᠵᠠᠷ ᠠ᠋ᠴᠠ ᠵᠠᠷᠯᠠᠨ ᠶᠠᠪᠤᠭᠤᠯᠬᠤ ᠠᠯᠪᠠᠨ ᠪᠢᠴᠢᠭ ᠵᠠᠷᠯᠠᠯ᠂ ᠲᠤᠰᠢᠶᠠᠯ᠂ ᠲᠤᠩᠬᠠᠭ ᠵᠡᠷᠭᠡ ᠶ᠋ᠢ ᠰᠡᠢᠷᠡᠭᠦᠯᠦᠨ ᠪᠢᠴᠢᠵᠦ᠂ ᠮᠢᠬ᠎ᠠ ᠪᠠᠨ ᠢᠳᠡᠵᠦ ᠪᠠᠢᠪᠠ᠃ ᠴᠠᠭᠠᠭᠴᠢᠨ ᠭᠠᠬᠠᠢ ᠵᠢᠯ ᠦ᠋ᠨ ᠲᠡᠷᠡ ᠡᠪᠦᠯ᠂ ᠳᠥᠷᠪᠡᠨ ᠵᠦᠭ ᠨᠠᠢ᠍ᠮᠠᠨ ᠵᠣᠪᠬᠢᠰ ᠠ᠋ᠴᠠ ᠬᠦᠷᠢᠶ᠎ᠡ ᠣᠷᠣᠬᠤ ᠣᠯᠠᠨ ᠵᠠᠮ᠂ ᠰᠢᠷᠦᠭᠦᠨ ᠡᠯᠴᠢ ᠶ᠋ᠢᠨ ᠭᠠᠷ ᠢ᠋ ᠳᠠᠭᠠᠭᠠᠯ ᠦᠭᠡᠢ ᠦᠬᠦᠭᠰᠡᠨ ᠠᠭᠲᠠ ᠮᠣᠷᠢᠨ ᠤ᠋ ᠶᠠᠰᠤᠨ᠂ ᠲᠡᠮᠳᠡᠭᠲᠡᠢ ᠠᠨᠳᠤᠰᠢ ᠦᠭᠡᠢ ᠪᠣᠯᠪᠠ᠃ ᠬᠦᠷᠢᠶᠡᠨ ᠡᠴᠡ ᠡᠯᠴᠢ ᠨᠠᠷ ᠨᠢᠰ ᠨᠢᠰ! ᠭᠡᠰᠡᠨ ᠦᠰᠦᠭᠲᠡᠢ ᠨᠢᠰᠴᠦ ᠶᠠᠪᠤᠭ᠎ᠠ ᠰᠢᠪᠠᠭᠤ ᠵᠢᠷᠤᠭᠰᠠᠨ ᠲᠣᠭᠳᠣᠢ ᠲᠠᠢ ᠪᠢᠴᠢᠭ ᠲᠤᠰᠢᠶᠠᠯ ᠸᠠᠳᠠᠩᠨᠠᠨ ᠠᠪᠴᠤ᠂ ᠡᠳᠦᠷ ᠰᠥᠨᠢ ᠦᠭᠡᠢ ᠳᠣᠪᠲᠣᠯᠤᠨ ᠳᠠᠪᠬᠢᠵᠠᠭᠠᠪᠠ᠃ ᠥᠭᠡᠳᠡ ᠡᠴᠡ ᠨᠢ ᠲᠦᠷ ᠵᠠᠰᠠᠭ ᠤ᠋ᠨ ᠭᠠᠵᠠᠷ ᠠ᠋ᠴᠠ ᠤᠯᠤᠰ ᠲᠥᠷᠥ ᠶ᠋ᠢᠨ ᠬᠡᠷᠡᠭ ᠵᠥᠪᠯᠡᠬᠦ ᠭᠡᠵᠦ ᠳᠠᠭᠤᠳᠠᠭᠤᠯᠤᠭᠠᠳ ᠮᠣᠩᠭᠣᠯ ᠤᠯᠤᠰ ᠤ᠋ᠨ ᠬᠠᠭᠠᠨ ᠰᠠᠭᠤᠬᠤ ᠭᠡᠵᠦ ᠪᠠᠢᠭ᠎ᠠ ᠬᠦᠷᠢᠶᠡᠨ ᠦ᠌ ᠵᠢᠪᠽᠥ᠋ᠨᠳᠠᠮᠪᠠ ᠬᠤᠲᠤᠭᠲᠤ ᠶ᠋ᠢᠨ ᠳᠡᠷᠭᠡᠳᠡ ᠰᠢᠨ᠎ᠡ ᠬᠡᠰᠢᠭ᠂ ᠴᠣᠯᠠ ᠬᠡᠷᠬᠢᠮ ᠬᠦᠷᠲᠡᠬᠦ ᠶᠠᠭᠤᠨ ᠤ᠋ ᠮᠠᠭᠠᠳ ᠭᠡᠵᠦ ᠭᠣᠷᠢᠳᠠᠭᠰᠠᠨ ᠵᠠᠰᠠᠭ ᠨᠣᠶᠠᠳ᠂ ᠱᠠᠪᠢ ᠪᠦᠬᠦᠢ ᠬᠤᠲᠤᠭᠲᠤ ᠨᠠᠷ ᠡᠳᠦᠢ ᠲᠡᠳᠦᠢ ᠪᠠᠷᠠᠭ᠎ᠠ ᠪᠣᠯᠤᠭᠴᠢᠳ ᠢ᠋ ᠳᠠᠭᠠᠭᠤᠯᠤᠨ ᠴᠤᠪᠤᠵᠠᠢ᠃  
       ᠨᠣᠶᠠᠳ ᠬᠤᠲᠤᠭᠲᠤ ᠨᠠᠷ ᠤ᠋ᠨ ᠡᠮᠦᠨ᠎ᠡ ᠨᠢ ᠪᠣᠣᠬᠠᠢ ᠶ᠋ᠢᠨ ᠡᠮᠦᠨ᠎ᠡ ᠬᠡᠷᠢᠶ᠎ᠡ᠂ ᠪᠣᠷᠣᠭᠠᠨ ᠤ᠋ ᠡᠮᠦᠨ᠎ᠡ ᠰᠠᠯᠬᠢ᠂ ᠪᠣᠭᠳᠠ ᠶ᠋ᠢᠨ ᠡᠮᠦᠨ᠎ᠡ ᠡᠯᠴᠢ ᠭᠡᠭᠴᠢ ᠪᠡᠷ᠂ ᠰᠢᠷᠦᠭᠦᠨ ᠡᠯᠴᠢ ᠳᠠᠪᠬᠢᠵᠠᠭᠠᠵᠤ᠂ ᠡᠢᠮᠦ ᠨᠣᠶᠠᠨ ᠲᠡᠢᠮᠦ ᠬᠤᠲᠤᠭᠲᠤ ᠮᠣᠷᠢᠯᠠᠵᠤ ᠠᠢᠰᠤᠢ᠂ ᠭᠣᠶᠣᠮᠰᠣᠭ ᠬᠡᠪᠢᠰ ᠲᠡᠢ ᠤᠯᠠᠭᠠᠨ ᠬᠠᠯᠵᠠᠨ ᠥᠷᠭᠥᠭᠡ᠂ ᠶᠡᠬᠡᠰ ᠦ᠋ᠨ ᠬᠡᠷᠡᠭᠯᠡᠬᠦ ᠵᠣᠭᠣᠰ ᠰᠢᠭᠦᠰᠦ ᠪᠡᠯᠡᠨ ᠵᠠᠯᠠᠨ ᠪᠠᠢᠯᠭ᠎ᠠ ᠭᠡᠵᠦ ᠱᠠᠪᠳᠠᠨ ᠳᠠᠪᠬᠢᠵᠠᠭᠠᠵᠤ᠂ ᠨᠣᠶᠠᠳ ᠯᠠᠮᠠ ᠨᠠᠷ ᠤ᠋ᠨ ᠬᠣᠨᠣᠬᠤ ᠦᠳᠡᠯᠡᠬᠦ ᠦᠷᠭᠦᠭᠡᠨ ᠳ᠋ᠦ᠍ ᠰᠥᠨᠢᠵᠢᠨ ᠭᠠᠯ ᠥᠷᠳᠡᠵᠦ᠂ ᠶᠡᠬᠡᠰ ᠦ᠋ᠨ ᠨᠣᠢᠷᠰᠤᠬᠤ ᠳ᠋ᠤ᠌ ᠳᠤᠯᠠᠭᠠᠨ ᠪᠠᠢᠯᠭᠠᠬᠤ ᠭᠡᠵᠦ ᠵᠦᠳᠡᠷᠡᠭᠰᠡᠨ ᠡᠪᠦᠭᠡᠳ ᠡᠮᠡᠭᠡᠳ᠂ ᠬᠠᠯᠠᠭᠤᠨ ᠬᠠᠷ᠎ᠠ ᠴᠠᠢ ᠤᠤᠭᠤᠵᠤ ᠭᠠᠯ ᠤ᠋ᠨ ᠳᠡᠷᠭᠡᠳᠡ ᠳᠤᠯᠠᠭᠠᠴᠠᠨ ᠱᠤᠤᠭᠢᠯᠳᠤᠬᠤ ᠴᠡᠷᠢᠭ ᠦ᠋ᠨ ᠡᠷᠡᠴᠦᠳ ᠳᠦᠭᠦᠷᠦᠭᠰᠡᠨ ᠥᠷᠲᠡᠭᠡ ᠶ᠋ᠢᠨ ᠨᠣᠣᠷᠠᠩᠬᠠᠢ ᠬᠠᠷ᠎ᠠ ᠭᠡᠷ ᠲᠦ᠍ ᠡᠳᠦᠷ ᠨᠢ ᠨᠢᠳᠦᠨ ᠦ᠌ ᠬᠣᠣᠷ ᠢ᠋ ᠭᠠᠷᠭᠠᠵᠤ ᠤᠨᠲᠠᠳᠠᠭ ᠪᠠᠢᠵᠠᠢ᠃ ᠬᠦᠷᠢᠶᠡᠨ ᠦ᠌ ᠬᠥᠭᠡᠭᠡᠭᠳᠡᠭᠰᠡᠨ ᠮᠠᠨᠵᠤ ᠠᠮᠪᠠᠨ ᠳ᠋ᠤ᠌ ᠤᠷᠢᠳᠤ ᠬᠠᠷᠢᠶᠠᠯᠠᠭᠳᠠᠵᠤ ᠪᠠᠢᠭᠰᠠᠨ ᠲᠦᠰᠢᠶᠡᠲᠦ᠂ ᠰᠡᠴᠡᠨ ᠬᠠᠨ ᠵᠡᠭᠦᠨ ᠬᠣᠶᠠᠷ ᠠᠢᠮᠠᠭ ᠠ᠋ᠴᠠ ᠤᠷᠠᠩᠬᠠᠢ ᠨᠣᠣᠷᠠᠩᠬᠠᠢ ᠬᠤᠪᠴᠠᠰᠤ ᠲᠠᠢ ᠬᠣᠭᠣᠰᠣᠨ ᠨᠣᠢᠲᠠᠨ ᠭᠤᠷᠪᠠᠨ ᠮᠢᠩᠭᠠᠨ ᠴᠡᠷᠢᠭ ᠡᠷ᠎ᠡ᠂ ᠬᠦᠷᠢᠶᠡᠨ ᠦ᠌ ᠵᠦᠭ ᠡᠳᠦᠷ ᠰᠥᠨᠢ ᠦᠭᠡᠢ ᠦᠷᠭᠦᠯᠵᠢᠯᠡᠨ ᠴᠤᠪᠤᠵᠤ᠂ ᠬᠣᠨᠣᠭ ᠲᠤ᠌ ᠣᠨᠣᠭᠳᠠᠬᠤ ᠢᠮᠠᠭᠠᠨ ᠤ᠋ ᠮᠢᠬ᠎ᠠ ᠶ᠋ᠢ ᠣᠷᠣᠢ ᠶ᠋ᠢᠨ ᠪᠠᠭᠤᠳᠠᠯ ᠳᠡᠭᠡᠷ᠎ᠡ ᠡᠳᠦᠷ ᠲᠦ᠍ ᠭᠠᠭᠴᠠ ᠤᠳᠠᠭ᠎ᠠ ᠬᠣᠭᠣᠯᠠ ᠢᠳᠡᠬᠦᠴᠡ ᠪᠡᠨ ᠪᠣᠯᠵᠤ ᠶᠠᠪᠤᠬᠤ ᠳ᠋ᠤᠨᠢ ᠥᠷᠲᠡᠭᠡᠨ ᠦ᠌ ᠠᠯᠪᠠ ᠬᠠᠰᠢᠵᠤ ᠪᠠᠢᠭᠰᠠᠨ ᠠᠷᠠᠳ ᠤ᠋ᠳ᠂ ᠴᠡᠷᠢᠭ ᠲᠦ᠍ ᠲᠠᠲᠠᠭᠳᠠᠭᠰᠠᠨ ᠲᠡᠷᠡ ᠡᠷᠡᠴᠦᠳ ᠲᠦ᠍ ᠵᠣᠪᠠᠯᠠᠩ ᠢ᠋ᠶ᠋ᠠᠨ ᠲᠣᠭᠠᠴᠢᠵᠤ᠂ 
       — ᠪᠢᠳᠡ ᠥᠷᠲᠡᠭᠡ ᠠᠯᠪᠠ ᠬᠠᠭᠠᠵᠤ᠂ ᠦᠢᠯᠡ ᠲᠠᠮᠤ ᠪᠠᠨ ᠦᠵᠡᠵᠦ ᠪᠠᠢᠨ᠎ᠠ᠃ ᠬᠥᠮᠦᠨ ᠦ᠌ ᠥᠪᠡᠷ ᠦ᠋ᠨ ᠨᠣᠶᠠᠳ ᠴᠤᠪᠤᠵᠤ ᠶᠠᠪᠤᠭ᠎ᠠ ᠶ᠋ᠢ ᠬᠡᠯᠡᠭᠡᠳ ᠪᠠᠷᠠᠬᠤ ᠤᠤ? ᠵᠢᠯ ᠳ᠋ᠦ᠍ ᠪᠤᠷᠬᠠᠨ ᠳ᠋ᠠᠭᠠᠨ ᠮᠥᠷᠭᠥᠳᠡᠭ ᠦᠭᠡᠢ ᠪᠡᠨ ᠡᠨᠳᠡ ᠡᠳᠦᠷ ᠲᠦ᠍ ᠣᠯᠠᠨ ᠨᠣᠶᠠᠳ ᠲᠤ᠌ ᠮᠥᠷᠭᠥᠵᠦ ᠪᠠᠢᠨ᠎ᠠ ᠳᠠ᠃ ᠣᠯᠢᠭᠲᠠᠢ ᠢᠷᠭᠡ ᠪᠠᠷᠢᠵᠤ ᠭᠦᠢᠴᠡᠯ᠎ᠡ᠃ ᠮᠠᠭᠤ ᠢᠮᠠᠭ᠎ᠠ ᠶ᠋ᠢ ᠴᠦ᠍ ᠭᠡᠰᠡᠨ᠂ ᠲᠠ ᠪᠦᠬᠦᠨ ᠦ᠌ ᠬᠣᠭᠣᠯᠠ ᠬᠦᠨᠡᠰᠦ ᠵᠠᠯᠭᠠᠭᠤᠯᠤᠭᠰᠠᠭᠠᠷ ᠳᠠᠭᠤᠰᠤᠯ᠎ᠠ᠃ ᠴᠢᠨᠣ᠎ᠠ ᠨᠣᠬᠠᠢ ᠠ᠋ᠴᠠ ᠢᠯᠡᠭᠦᠦ ᠠᠶᠤᠯᠲᠠᠢ ᠪᠣᠯᠤᠭᠠᠳ ᠪᠠᠢᠨ᠎ᠠ ᠰᠢᠦ! ᠡᠨᠡ ᠥᠷᠲᠡᠭᠡ ᠪᠡᠷ ᠶᠠᠪᠤᠭᠠᠴᠢᠨ ᠨᠤᠭᠤᠳ᠂ ᠡᠢᠮᠦ ᠣᠯᠠᠨ ᠠᠮᠢᠲᠠᠨ᠂ ᠨᠡᠰᠢ ᠴᠠᠰᠢ ᠴᠣᠬᠣᠮ ᠶᠠᠭᠤ ᠪᠠᠨ ᠬᠢᠵᠦ ᠶᠠᠪᠤᠳᠠᠭ ᠶᠤᠮ ᠪᠣᠯ ᠳᠠ? ᠠᠭᠲᠠ ᠪᠠᠨ ᠴᠤ᠌ ᠪᠠᠷᠠᠵᠤ᠂ ᠶᠠᠪᠠᠭᠠᠨ ᠪᠣᠯᠵᠤ ᠭᠦᠢᠴᠡᠯ᠎ᠡ ᠭᠡᠵᠦ ᠵᠣᠪᠠᠯᠠᠩ ᠢ᠋ᠶ᠋ᠠᠨ ᠲᠣᠭᠠᠴᠢᠬᠤ ᠳ᠋ᠤᠨᠢ᠂ 
       — ᠪᠢᠳᠡ ᠴᠦ᠍ ᠭᠡᠰᠡᠨ ᠲᠠᠨ ᠠ᠋ᠴᠠ ᠳᠡᠭᠡᠷ᠎ᠡ ᠦᠭᠡᠢ᠂ ᠮᠥᠨ ᠯᠡ ᠵᠣᠪᠠᠯᠠᠩ ᠢ᠋ᠶ᠋ᠠᠨ ᠡᠳ᠋ᠯᠡᠵᠦ ᠶᠠᠪᠤᠨ᠎ᠠ ᠳᠠ᠃ ᠡᠳᠦᠷᠵᠢᠨ ᠢ᠋ᠶ᠋ᠡᠨ ᠬᠠᠷ᠎ᠠ ᠴᠠᠢ ᠭᠦᠵᠡᠭᠡᠯᠡᠵᠦ ᠭᠦᠵᠡᠭᠡᠯᠡᠵᠦ᠂ ᠠᠷᠠᠢ ᠭᠡᠵᠦ ᠰᠥᠨᠢ ᠶ᠋ᠢᠨ ᠬᠣᠨᠣᠭ ᠲᠤ᠌ ᠮᠠᠭᠤ ᠢᠮᠠᠭᠠᠨ ᠤ᠋ ᠮᠢᠬ᠎ᠠ ᠠᠮᠰᠠᠬᠤᠢᠴᠠ ᠪᠣᠯᠵᠤ ᠥᠯ ᠵᠠᠯᠭᠠᠵᠤ ᠶᠠᠪᠤᠨ᠎ᠠ ᠰᠢᠦ ᠪᠢᠳᠡ ᠴᠢᠨᠢ᠂ ᠬᠠᠷᠭᠢᠰ ᠮᠠᠨᠵᠤ ᠶ᠋ᠢᠨ ᠲᠥᠯᠥᠭᠡ ᠪᠢᠰᠢ᠂ ᠥᠪᠡᠷ ᠦ᠋ᠨ ᠢ᠋ᠶ᠋ᠡᠨ ᠮᠣᠩᠭᠣᠯ ᠤᠯᠤᠰ ᠤ᠋ᠨ ᠲᠥᠯᠥᠭᠡ ᠵᠢᠳᠬᠦᠵᠦ ᠶᠠᠪᠤᠨ᠎ᠠ ᠭᠡᠵᠦ ᠯᠡ ᠰᠡᠳᠬᠢᠯ ᠢ᠋ᠶ᠋ᠡᠨ ᠬᠠᠲᠠᠮᠵᠢᠯᠠᠵᠤ ᠶᠠᠪᠤᠨ᠎ᠠ ᠰᠢᠦ᠃ ᠤᠷᠢᠳᠤ ᠶ᠋ᠢᠨ ᠯᠠᠮᠠ ᠪᠠᠭᠰᠢ ᠨᠠᠷ᠂ ᠡᠨᠡ ᠨᠠᠢ᠍ᠮᠠᠳᠤᠭᠠᠷ ᠳᠦᠷᠢ ᠶ᠋ᠢ ᠰᠡᠭᠦᠯᠴᠢ ᠶ᠋ᠢᠨ ᠳᠦᠷᠢ ᠪᠣᠯᠬᠤ ᠶᠤᠮ᠎ᠠ᠃ ᠡᠨᠡ ᠨᠠᠢ᠍ᠮᠠᠳᠤᠭᠠᠷ ᠤ᠋ᠨ ᠦᠶ᠎ᠡ ᠳ᠋ᠦ᠍ ᠮᠣᠩᠭᠣᠯ ᠤᠯᠤᠰ ᠡᠷᠬᠡ ᠴᠢᠯᠥᠭᠡᠲᠡᠢ ᠤᠯᠤᠰ ᠪᠣᠯᠵᠤ᠂ ᠮᠠᠨᠵᠤ ᠬᠢᠲᠠᠳ ᠠ᠋ᠴᠠ ᠰᠠᠯᠤᠭᠠᠳ᠂ ᠨᠠᠢ᠍ᠮᠠᠳᠤᠭᠠᠷ ᠳᠦᠷᠢ ᠶ᠋ᠢᠨ ᠭᠡᠭᠡᠬᠡᠨ ᠬᠠᠭᠠᠨ ᠰᠢᠷᠡᠭᠡᠨ ᠳ᠋ᠦ᠍ ᠵᠠᠯᠠᠷᠠᠵᠤ᠂ ᠵᠠᠭᠤ ᠬᠣᠷᠢᠨ ᠨᠠᠰᠤᠨ ᠤ᠋ ᠰᠡᠭᠦᠳᠡᠷ ᠵᠣᠭᠣᠭᠯᠠᠵᠤ᠂ ᠤᠯᠤᠰ ᠠᠮᠢᠲᠠᠨ ᠢ᠋ᠶ᠋ᠠᠨ ᠡᠩᠬᠡ ᠵᠢᠷᠭᠠᠯ ᠡᠳ᠋ᠯᠡᠭᠦᠯᠬᠦ ᠶᠦᠮ ᠭᠡᠵᠦ ᠠᠢᠯᠠᠳᠤᠭᠰᠠᠨ᠃ ᠲᠡᠷᠡ ᠨᠢ᠂ ᠣᠳᠣ ᠶᠣᠰᠣᠭᠠᠷ ᠪᠣᠯᠬᠤ ᠨᠢ ᠰᠢᠪ ᠳᠡ᠃ ᠨᠠᠢ᠍ᠮᠠᠳᠤᠭᠠᠷ ᠳᠦᠷᠢ ᠶ᠋ᠢᠨ ᠭᠡᠭᠡᠬᠡᠨ(ᠭᠡᠭᠡᠨ) ᠦ᠌ ᠦᠶ᠎ᠡ ᠳ᠋ᠦ᠍ ᠪᠢᠳᠡ ᠣᠳᠣ ᠮᠠᠨᠵᠤ ᠬᠢᠲᠠᠳ ᠠ᠋ᠴᠠ ᠰᠠᠯᠵᠤ᠂ ᠮᠥᠳᠳᠥ ᠪᠣᠭᠳᠠ ᠭᠡᠭᠡᠬᠡᠨ(ᠭᠡᠭᠡᠨ) ᠢ᠋ᠶ᠋ᠡᠨ ᠬᠠᠭᠠᠨ ᠰᠢᠷᠡᠭᠡᠨ ᠳ᠋ᠦ᠍ ᠵᠠᠯᠠᠷᠠᠬᠤ ᠶ᠋ᠢ ᠦᠵᠡᠬᠦ ᠨᠢ ᠠ᠋ ᠳᠠ᠄ ᠪᠢᠳᠡ ᠣᠳᠣ ᠬᠢᠲᠠᠳ ᠤ᠋ᠨ ᠰᠢᠨᠤᠬᠠᠢ ᠮᠠᠢᠮᠠᠢ᠂ ᠮᠥᠩᠭᠥ ᠬᠦᠦᠯᠡᠵᠦ ᠮᠥᠯᠵᠢᠭᠴᠢ ᠨᠠᠷ ᠢ᠋᠂ ᠠᠮᠪᠠᠨ ᠲᠦᠰᠢᠮᠡᠯ ᠴᠡᠷᠢᠭ ᠢ᠋ ᠭᠠᠵᠠᠷ ᠣᠷᠣᠨ ᠠ᠋ᠴᠠ ᠪᠠᠨ ᠬᠥᠭᠡᠭᠡᠨ ᠵᠠᠢᠯᠠᠭᠤᠯᠵᠤ ᠴᠣᠢᠵᠣᠩ ᠨᠣᠮ ᠤ᠋ᠨ ᠰᠠᠬᠢᠭᠤᠯᠰᠤᠨ᠂ ᠱᠠᠪᠢ ᠨᠠᠷ ᠪᠣᠯᠤᠭᠰᠠᠨ ᠪᠢᠳᠡᠨ ᠢ᠋ᠶ᠋ᠡᠨ ᠭᠠᠢ ᠵᠡᠳᠬᠡᠷ ᠡᠴᠡ ᠬᠠᠮᠠᠭᠠᠯᠠᠵᠤ᠂ ᠤᠷᠢᠳᠤ ᠶ᠋ᠢᠨ ᠰᠠᠢᠬᠠᠨ ᠦᠯᠢᠭᠡᠷ ᠲᠦ᠍ ᠭᠠᠷᠳᠠᠭ ᠰᠢᠭ᠋ ᠠᠷᠪᠢᠨ ᠳᠡᠯᠭᠡᠷ ᠵᠢᠷᠭᠠᠯᠠᠩ ᠢ᠋ᠶ᠋ᠠᠨ ᠡᠳ᠋ᠯᠡᠨ ᠰᠠᠭᠤᠬᠤ ᠴᠠᠭ ᠣᠢᠷᠠᠲᠤᠵᠤ ᠪᠠᠢᠭ᠎ᠠ ᠶᠤᠮ ᠪᠠᠢᠯ ᠦᠭᠡᠢ(ᠪᠠᠢᠯᠭᠦᠢ) ᠳᠡ ᠭᠡᠵᠦ ᠴᠡᠷᠢᠭ ᠦ᠋ᠨ ᠡᠷᠡᠴᠦᠳ᠂ ᠥᠷᠲᠡᠭᠡᠨ ᠦ᠌ ᠤᠲᠤᠭ᠎ᠠ ᠲᠠᠢ ᠭᠡᠷ ᠲᠦ᠍ ᠳᠤᠯᠠᠭᠠᠴᠠᠬᠤ ᠵᠠᠭᠤᠷ᠎ᠠ ᠪᠠᠨ ᠶᠠᠷᠢᠯᠴᠠᠳᠠᠭ ᠪᠠᠢᠵᠠᠢ᠃ 
       ᠢᠷᠡᠭᠡᠳᠦᠢ ᠳ᠋ᠦ᠍ ᠰᠠᠢᠬᠠᠨ ᠵᠢᠷᠭᠠᠯ ᠢ᠋ᠶ᠋ᠠᠨ ᠡᠳ᠋ᠯᠡᠨ᠎ᠡ ᠭᠡᠵᠦ ᠬᠦᠰᠡᠨ ᠡᠷᠡᠮᠡᠯᠵᠡᠵᠦ ᠪᠠᠢᠭᠰᠠᠨ ᠠᠷᠠᠳ ᠣᠯᠠᠨ ᠤ᠋᠂ ᠪᠣᠯᠪᠠᠰᠤᠷᠠᠯ ᠠ᠋ᠴᠠ ᠬᠣᠴᠣᠷᠤᠭᠳᠠᠵᠤ᠂ ᠮᠤᠬᠤᠷ ᠰᠦᠰᠦᠭ ᠲᠦ᠍ ᠪᠠᠷᠢᠭᠳᠠᠨ᠂ ᠶᠡᠬᠡᠯ᠎ᠡ(ᠶᠡᠬᠡ ᠯᠡ) ᠪᠦᠳᠦᠭᠦᠯᠢᠭ ᠬᠠᠷᠠᠩᠭᠤᠢ ᠪᠠᠢᠭᠰᠠᠨ ᠤ᠋ ᠤᠯᠠᠮ ᠠ᠋ᠴᠠ ᠡᠨᠡ ᠮᠡᠲᠦ ᠶ᠋ᠢᠨ ᠶᠠᠩᠵᠤ ᠪᠦᠷᠢ ᠶ᠋ᠢᠨ ᠬᠠᠴᠢᠨ ᠴᠤᠤ ᠦᠭᠡ ᠳᠡᠭᠳᠡᠵᠦ᠂ ᠬᠥᠳᠡᠭᠡ ᠨᠤᠲᠤᠭ ᠢ᠋ᠶ᠋ᠠᠷ ᠠᠮᠢᠲᠠᠨ ᠶᠠᠩᠵᠤ ᠪᠦᠷᠢ ᠪᠡᠷ ᠬᠡᠯᠡᠯᠴᠡᠵᠦ ᠪᠠᠢᠭᠰᠠᠨ ᠴᠠᠭ ᠪᠠᠢᠵᠠᠢ᠃ 
        ⅹ             ⅹ            ⅹ            ⅹ     
       ᠪᠣᠭᠳᠠ ᠶ᠋ᠢᠨ ᠬᠦᠷᠢᠶᠡᠨ ᠳ᠋ᠦ᠍ ᠪᠣᠭᠳᠠ ᠭᠡᠭᠡᠬᠡᠨ (ᠭᠡᠭᠡᠨ) ᠢ᠋ ᠬᠠᠭᠠᠨ ᠰᠢᠷᠡᠭᠡᠨ ᠳ᠋ᠦ᠍ ᠵᠠᠯᠠᠬᠤ ᠶᠡᠬᠡ ᠶᠣᠰᠣᠯᠠᠯ ᠢ᠋ ᠦᠵᠡᠬᠦ ᠭᠡᠵᠦ ᠵᠦᠭ ᠵᠦᠭ ᠡᠴᠡ ᠶᠠᠩᠵᠤ ᠪᠦᠷᠢ ᠶ᠋ᠢᠨ ᠠᠮᠢᠲᠠᠨ ᠬᠦᠷᠴᠦ ᠢᠷᠡᠭᠰᠡᠨ ᠪᠠᠢᠵᠠᠢ᠃ ᠬᠦᠷᠢᠶ᠎ᠡ ᠬᠣᠷᠢᠶᠠᠨ ᠤ᠋ ᠭᠤᠳᠤᠮᠵᠢ ᠵᠡᠭᠡᠯᠢ᠂ ᠵᠠᠬ᠎ᠠ ᠱᠣᠣᠱᠣᠷ ᠶᠡᠬᠡᠯ᠎ᠡ(ᠶᠡᠬᠡ ᠯᠡ) ᠬᠥᠯ ᠲᠡᠢ ᠦᠢᠮᠡᠭᠡᠨ ᠲᠡᠢ ᠪᠣᠯᠵᠤ᠂ ᠬᠦᠷᠢᠶᠡᠨ ᠦ᠌ ᠬᠠᠪᠢ ᠪᠠᠷ᠂ ᠮᠥᠨ ᠵᠠᠬ᠎ᠠ ᠳᠡᠭᠡᠭᠦᠷ  ᠥᠷᠯᠥᠭᠡ ᠡᠴᠡ ᠦᠳᠡᠰᠢ ᠪᠣᠯᠲᠠᠯ᠎ᠠ ᠬᠡᠷᠦᠮᠡᠯ ᠬᠤᠭᠤᠷᠴᠢ᠂ ᠭᠣᠩᠰᠢᠶ᠎ᠠ ᠳᠠᠭᠤᠲᠠᠢ ᠳᠣᠯᠳᠣᠢᠴᠢ᠂ ᠲᠡᠨᠦᠮᠡᠯ ᠪᠠᠳᠢᠷᠴᠢ᠂ ᠲᠥᠯᠭᠡᠴᠢ᠂ ᠦᠵᠡᠮᠡᠷᠴᠢ᠂ ᠶᠢᠯᠸᠢᠴᠢᠨ᠂ ᠭᠤᠢᠯᠢᠨᠴᠢᠨ᠂ ᠴᠡᠷᠢᠭ ᠲᠦ᠍ ᠳᠠᠢᠴᠢᠯᠠᠭᠳᠠᠨ ᠢᠷᠡᠭᠰᠡᠨ ᠡᠷᠡᠰ᠂ ᠶᠠᠭᠠᠷᠠᠯ ᠦᠭᠡᠢ ᠠᠭᠠᠵᠢᠭᠤ ᠲᠠᠯᠪᠢᠭᠤ ᠪᠠᠷ ᠦᠭᠡ ᠠᠰᠠᠭᠤᠬᠤ ᠳ᠋ᠤᠨᠢ ᠥᠭᠡᠳᠡ ᠡᠴᠡ ᠨᠢ ᠪᠠᠳᠠᠭ ᠪᠠᠳᠠᠭ ᠢ᠋ᠶ᠋ᠠᠷ ᠰᠢᠯᠦᠭᠯᠡᠨ ᠬᠠᠷᠢᠭᠤ ᠬᠡᠯᠡᠳᠡᠭ ᠲᠦᠷᠭᠡᠨ ᠬᠡᠯᠡ ᠲᠡᠢ ᠬᠦᠷᠢᠶᠡᠨ ᠦ᠌ ᠬᠠᠢᠷᠴᠠᠭ ᠤ᠋ᠨ ᠬᠤᠳᠠᠯᠳᠤᠭ᠎ᠠ ᠬᠢᠳᠡᠭ ᠠᠪᠤᠭᠠᠢ ᠨᠠᠷ ᠢ᠋ ᠭᠠᠢᠬᠠᠨ ᠬᠠᠷᠠᠵᠤ ᠶᠠᠪᠤᠭ᠎ᠠ ᠲᠥᠭᠥᠷᠢᠭ ᠴᠢᠷᠠᠢ ᠲᠠᠢ ᠪᠠᠷᠭᠤ ᠨᠠᠷ᠂ ᠴᠢᠷᠠᠢ ᠪᠠᠢᠳᠠᠯ᠂ ᠬᠥᠳᠡᠯᠬᠦ ᠠᠭᠠᠰᠢᠯᠠᠬᠤ ᠳᠦᠷᠢᠮ ᠨᠢ ᠬᠢᠲᠠᠳ ᠲᠠᠢ ᠶᠡᠬᠡ ᠲᠥᠰᠲᠡᠢ ᠱᠠᠯᠠᠮᠠᠭᠠᠢ ᠭᠠᠪᠰᠢᠭᠠᠢ ᠬᠠᠷᠴᠢᠨ ᠴᠠᠬᠠᠷ ᠤ᠋ᠨ ᠵᠡᠭᠦᠭᠰᠡᠨ ᠮᠥᠩᠭᠥᠨ ᠲᠣᠨᠣᠭᠲᠠᠢ ᠮᠣᠳᠣᠨ ᠬᠤᠢ ᠲᠠᠢ ᠮᠣᠣᠽᠧᠷ᠂ ᠺᠡᠷᠡᠪᠢᠨ ᠫᠤᠤ ᠶ᠋ᠢ ᠬᠣᠷᠣᠬᠠᠢ ᠬᠦᠷᠴᠦ ᠨᠢᠳᠦ ᠰᠢᠯᠵᠢᠯ ᠦᠭᠡᠢ ᠬᠠᠷᠠᠭᠴᠢ ᠳᠠᠢᠴᠢᠨ ᠵᠡᠭᠦᠨ ᠭᠠᠷ ᠤ᠋ᠨ ᠦᠷ᠎ᠡ ᠤᠭᠰᠠᠭ᠎ᠠ᠂ ᠴᠠᠰᠤᠲᠤ ᠲᠠᠷᠪᠠᠭᠠᠲᠠᠢ ᠠᠭᠤᠯᠠ ᠶ᠋ᠢᠨ ᠬᠣᠷᠮᠣᠢ ᠪᠠᠷ ᠨᠤᠲᠤᠭ ᠲᠠᠢ᠂ ᠮᠣᠩᠬᠣᠷ ᠬᠠᠮᠠᠷ ᠲᠠᠢ ᠥᠷᠭᠡᠨ ᠮᠥᠷᠥ ᠲᠡᠢ ᠲᠣᠷᠭᠤᠳ᠂ ᠰᠦᠷᠡᠬᠡᠢ ᠭᠡᠭᠴᠢ ᠪᠡᠷ ᠬᠦᠬᠡᠷᠡᠬᠡᠵᠦ ᠪᠦᠰᠡᠯᠡᠭᠰᠡᠨ ᠡᠪ ᠬᠠᠪ ᠦᠭᠡᠢ ᠳᠡᠪᠡᠯ ᠲᠡᠢ᠂ ᠪᠥᠰᠡᠨ ᠳ᠋ᠡᠭᠡᠨ ᠲᠣᠮᠣ ᠭᠡᠭᠴᠢ ᠶ᠋ᠢᠨ ᠲᠠᠩᠭᠤᠳ ᠢᠯᠳᠦ ᠬᠠᠪᠴᠢᠭᠤᠯᠠᠰᠤᠲᠠᠢ(ᠬᠠᠪᠴᠢᠭᠤᠯᠤᠭᠠᠰᠤᠲᠠᠢ)᠂ ᠬᠡᠳᠦᠨ ᠰᠠᠷ᠎ᠠ ᠰᠠᠮᠨᠠᠭ᠎ᠠ ᠦᠭᠡᠢ ᠰᠢᠷᠢᠯᠳᠦᠭᠰᠡᠨ ᠰᠠᠭᠰᠠᠭᠠᠷ ᠦᠰᠦ ᠲᠡᠢ᠂ ᠵᠡᠷᠯᠢᠭ ᠮᠠᠷᠠᠭ᠎ᠠ ᠬᠥᠬᠡ ᠴᠢᠷᠠᠢ ᠪᠠᠷ ᠬᠦᠷᠢᠶᠡᠨ ᠦ᠌ ᠭᠠᠩᠭᠠᠩ ᠭᠣᠶᠣᠴᠤᠤᠯ ᠢ᠋ ᠭᠠᠢᠬᠠᠭᠤᠯᠤᠭᠰᠠᠨ ᠬᠥᠬᠡ ᠨᠠᠭᠤᠷ ᠴᠠᠢᠳᠠᠮ ᠤ᠋ᠨ ᠳᠡᠭᠡᠳᠦ ᠮᠣᠩᠭᠣᠯ᠂ ᠲᠠᠩᠭᠤᠳ ᠲᠥᠪᠡᠳ ᠲᠠᠪᠤᠨ ᠬᠡᠯᠡ ᠶ᠋ᠢᠨ ᠠᠮᠢᠲᠠᠨ ᠬᠦᠷᠢᠶ᠎ᠡ ᠪᠡᠷ ᠳᠦᠭᠦᠷᠦᠭᠰᠡᠨ ᠪᠢᠯᠡ᠃ 
       ᠭᠠᠨᠳᠠᠩ ᠬᠦᠷᠢᠶᠡᠨ ᠦ᠌ ᠨᠡᠷᠡᠲᠦ ᠰᠠᠢᠨ ᠵᠢᠷᠤᠬᠠᠢᠴᠢ ᠨᠠᠷ ᠤ᠋ᠨ ᠦᠵᠡᠵᠦ ᠰᠠᠢᠨ ᠭᠡᠵᠦ ᠰᠣᠩᠭᠣᠨ ᠲᠣᠭᠲᠠᠭᠠᠭᠰᠠᠨ᠂ ᠴᠠᠭᠠᠭᠴᠢᠨ ᠭᠠᠬᠠᠢ ᠵᠢᠯ ᠦ᠋ᠨ ᠠᠷᠪᠠᠨ ᠨᠢᠭᠡᠨ ᠰᠠᠷ᠎ᠠ ᠶ᠋ᠢᠨ ᠰᠢᠨ᠎ᠡ ᠶ᠋ᠢᠨ ᠶᠢᠰᠦᠨ ᠦ᠌ ᠡᠳᠦᠷ᠂ ᠵᠡᠭᠦᠨ ᠬᠦᠷᠢᠶᠡᠨ ᠦ᠌ ᠰᠢᠷ᠎ᠠ ᠣᠷᠳᠣᠨ ᠤ᠋ ᠡᠮᠦᠨᠡᠬᠢ ᠶᠡᠬᠡ ᠲᠠᠯᠠᠪᠤᠷ ᠲᠤ᠌ ᠥᠷᠯᠥᠭᠡ ᠡᠴᠡ ᠬᠥᠮᠦᠨ ᠠᠮᠢᠲᠠᠨ ᠳᠦᠭᠦᠷᠴᠦ ᠡᠬᠢᠯᠡᠭᠰᠡᠨ ᠪᠢᠯᠡ᠃ 
       ᠡᠪᠦᠭᠡᠳ ᠡᠮᠡᠭᠡᠳ᠂ ᠡᠷᠡᠭᠲᠡᠢ ᠡᠮᠡᠭᠲᠡᠢ ᠬᠥᠮᠦᠨ᠂ ᠬᠦᠷᠢᠶ᠎ᠡ ᠡᠯᠳᠡᠭᠦᠷᠢ ᠶ᠋ᠢᠨ ᠴᠠᠰᠤᠨ ᠴᠠᠭᠠᠨ ᠬᠤᠷᠠᠭᠠᠨ ᠳᠣᠲᠣᠷᠲᠠᠢ ᠭᠣᠶᠣ ᠲᠣᠷᠭᠠᠨ ᠳᠡᠪᠡᠯ ᠲᠡᠢ᠂ ᠬᠦᠷᠡᠩ ᠤᠯᠠᠭᠠᠨ ᠴᠢᠷᠠᠢ ᠲᠠᠢ᠂ ᠴᠢᠭᠢᠷᠠᠭ ᠰᠠᠢᠬᠠᠨ ᠪᠡᠶ᠎ᠡ ᠲᠡᠢ ᠭᠣᠶᠣ ᠵᠠᠯᠠᠭᠤ ᠬᠡᠦᠬᠡᠨ ᠨᠦ᠍ᠭᠦᠳ ᠬᠦᠷᠢᠶ᠎ᠡ ᠶ᠋ᠢ ᠨᠠᠷᠠ ᠵᠥᠪ ᠡᠷᠭᠢᠭᠡᠳ ᠰᠢᠷ᠎ᠠ ᠣᠷᠳᠣᠨ ᠤ᠋ ᠡᠮᠦᠨᠡᠬᠢ ᠤᠯᠠᠭᠠᠨ ᠱᠥᠷᠭᠡ ᠶ᠋ᠢᠨ ᠬᠠᠪᠢ ᠳ᠋ᠤ᠌ ᠴᠤᠭᠯᠠᠵᠠᠭᠠᠨ᠂ ᠮᠥᠰᠥᠨ ᠰᠢᠬᠢᠷ᠂ ᠬᠥᠯᠳᠡᠭᠦᠦ ᠬᠠᠷ᠎ᠠ ᠯᠢᠷ᠂ ᠡᠯᠵᠢᠭᠡᠨ ᠴᠢᠬᠢ ᠭᠡᠳᠡᠭ ᠵᠢᠮᠢᠰ᠂ ᠨᠠᠨᠵᠢᠩ ᠴᠢᠪᠠᠭ᠎ᠠ᠂ ᠤᠯᠠᠭᠠᠨ ᠴᠢᠪᠠᠭ᠎ᠠ᠂ ᠬᠠᠳᠠ᠂ ᠸᠴᠢᠷ ᠲᠡᠢ ᠮᠥᠩᠭᠥᠨ ᠪᠦᠯᠡᠵᠡᠭ ᠬᠤᠳᠠᠯᠳᠤᠭᠴᠢ ᠬᠠᠢᠷᠴᠠᠭ ᠤ᠋ᠨ ᠮᠠᠢᠮᠠᠢᠴᠢᠨ ᠭᠠᠵᠠᠷ ᠤ᠋ᠨ ᠭᠠᠪᠠ ᠠ᠋ᠴᠠ ᠭᠠᠷᠤᠭᠰᠠᠨ ᠶᠤᠮ ᠰᠢᠭ᠋ ᠡᠭᠦᠪᠡᠷ ᠲᠡᠭᠦᠪᠡᠷ ᠣᠯᠠᠨ ᠤ᠋ ᠳᠤᠮᠳᠠᠭᠤᠷ ᠰᠡᠯᠭᠦᠴᠡᠪᠡ᠃ 
       ᠮᠣᠭᠠᠢ ᠴᠠᠭ ᠲᠤ᠌ ᠲᠤᠤᠯᠠ ᠶ᠋ᠢᠨ ᠬᠥᠪᠡᠭᠡ ᠳ᠋ᠡᠬᠢ ᠨᠣᠭᠣᠭᠠᠨ ᠣᠷᠳᠣᠨ ᠤ᠋ ᠲᠡᠨᠳᠡ ᠪᠦᠷᠢᠶ᠎ᠡ ᠳᠤᠤᠭᠠᠷᠴᠤ᠂ ᠪᠣᠭᠳᠠ ᠶ᠋ᠢᠨ ᠲᠣᠷᠭᠠᠨ ᠴᠡᠷᠢᠭ  ᠵᠡᠭᠦᠨ ᠬᠦᠷᠢᠶᠡᠨ ᠳ᠋ᠡᠬᠢ ᠰᠢᠷ᠎ᠠ ᠣᠷᠳᠣᠨ ᠤ᠋ ᠵᠦᠭ ᠵᠠᠮ ᠤ᠋ᠨ ᠬᠣᠶᠠᠷ ᠬᠠᠵᠠᠭᠤ ᠪᠠᠷ ᠮᠣᠭᠠᠢ ᠵᠢᠭᠰᠠᠭᠠᠯ ᠢ᠋ᠶ᠋ᠠᠷ ᠴᠤᠪᠤᠵᠤ᠂ ᠵᠠᠭᠤᠨ ᠴᠡᠷᠢᠭ ᠦ᠋ᠨ ᠳᠠᠷᠤᠭ᠎ᠠ᠂ ᠠᠷᠪᠠᠨ ᠴᠡᠷᠢᠭ ᠦ᠋ᠨ ᠳᠠᠷᠤᠭ᠎ᠠ ᠨᠠᠷ ᠤ᠋ᠨ ᠵᠡᠷᠭᠡ ᠣᠯᠠᠨ ᠰᠢᠷ᠎ᠠ᠂ ᠬᠥᠬᠡ᠂ ᠴᠠᠭᠠᠨ᠂ ᠨᠣᠭᠣᠭᠠᠨ ᠲᠤᠭ ᠳᠠᠯᠪᠠᠭ᠎ᠠ᠂ ᠬᠢᠭᠢᠷᠢ ᠰᠠᠯᠬᠢᠨ ᠳ᠋ᠤ᠌ ᠦᠵᠰᠭᠦᠯᠡᠩᠳᠡᠶ᠎ᠡ ᠨᠠᠮᠢᠯᠵᠠᠨ᠂ ᠬᠠᠷ᠎ᠠ ᠬᠤᠷᠠᠭᠠᠨ ᠴᠢᠬᠢᠪᠴᠢᠲᠡᠢ᠂ ᠤᠯᠠᠭᠠᠨ ᠡᠮᠵᠢᠶᠡᠷ(ᠡᠮᠵᠢᠶᠡᠷᠢ) ᠲᠡᠢ᠂ ᠬᠥᠬᠡ ᠴᠡᠩᠮᠡ ᠲᠣᠪᠢ ᠮᠠᠯᠠᠭᠠᠢ ᠲᠠᠢ᠂ ᠮᠥᠩᠭᠥᠨ ᠰᠠ ᠬᠣᠷᠭᠣᠢ ᠡᠮᠵᠢᠶᠡᠷ (ᠡᠮᠵᠢᠶᠡᠷᠢ) ᠲᠡᠢ᠂ ᠬᠣᠷᠮᠣᠭᠴᠢ ᠬᠠᠨᠳᠠᠰᠤ ᠲᠠᠢ᠂ ᠬᠥᠬᠡ ᠲᠣᠷᠭᠠᠨ ᠳᠡᠪᠡᠯ ᠲᠡᠢ ᠴᠡᠷᠢᠭ ᠡᠮᠡᠭᠡᠯ ᠬᠠᠵᠠᠭᠠᠷ᠂ ᠵᠡᠪᠰᠡᠭ ᠦ᠋ᠨ ᠮᠥᠩᠭᠥᠨ ᠴᠢᠮᠡᠭ ᠭᠢᠯᠠᠯᠵᠠᠭᠤᠯᠤᠨ᠂ ᠵᠢᠪᠽᠥ᠋ᠨᠳᠠᠮᠪᠠ ᠬᠤᠲᠤᠭᠲᠤ ᠶ᠋ᠢᠨ ᠤᠴᠢᠷ ᠤᠷᠢᠳᠤ ᠮᠠᠨᠵᠤ ᠬᠠᠭᠠᠨ ᠠ᠋ᠴᠠ ᠪᠤᠰᠬᠠᠭᠰᠠᠨ ᠶᠠᠩᠪᠠ ᠶᠣᠰᠣᠯᠠᠯ ᠤ᠋ᠨ ᠬᠠᠭᠠᠯᠭᠠᠨ᠎ᠠ ᠬᠠᠲᠠᠷᠢᠨ ᠬᠦᠷᠴᠦ ᠢᠷᠡᠭᠡᠳ᠂ ᠪᠦᠷᠢᠶ᠎ᠡ ᠵᠠᠯᠭ᠎ᠠ ᠵᠠᠯᠭ᠎ᠠ ᠪᠠᠷ ᠳᠤᠤᠭᠠᠷᠴᠤ ᠳᠣᠬᠢᠶ᠎ᠠ ᠥᠭᠭᠦᠮᠡᠭᠴᠡ ᠨᠢᠭᠡᠨ ᠵᠡᠷᠭᠡ ᠡᠷᠭᠢᠵᠦ᠂ ᠬᠣᠶᠠᠷ ᠲᠠᠯ᠎ᠠ ᠠ᠋ᠴᠠ ᠪᠡᠶ᠎ᠡ ᠪᠡᠶ᠎ᠡ ᠥᠭᠡᠳᠡ ᠬᠠᠷᠠᠵᠤ ᠵᠣᠭᠰᠣᠭᠰᠠᠨ ᠳ᠋ᠤ᠌᠂  ᠴᠤᠭᠯᠠᠭᠰᠠᠨ(ᠴᠤᠭᠯᠠᠷᠠᠭᠰᠠᠨ) ᠣᠯᠠᠨ ᠬᠥᠮᠦᠨ ᠲᠡᠢᠮᠦ ᠣᠯᠠᠨ ᠢᠳᠡᠷ ᠴᠡᠷᠢᠭ ᠦ᠋ᠨ ᠭᠣᠣᠯ ᠤ᠋ᠨ ᠨᠣᠭᠣᠭᠠᠨ ᠣᠷᠳᠣᠨ ᠠ᠋ᠴᠠ ᠰᠢᠷ᠎ᠠ ᠬᠦᠷᠢᠶᠡᠨ ᠦ᠌ ᠱᠥᠷᠭᠡ ᠬᠦᠷᠲᠡᠯᠡᠬᠢ ᠲᠡᠷᠡ ᠬᠣᠯᠠ ᠭᠠᠵᠠᠷ ᠨᠢᠭᠡᠨ ᠵᠡᠷᠭᠡ ᠡᠷᠭᠢᠭᠰᠡᠨ ᠢ᠋ ᠲᠡᠰᠬᠡᠯ ᠦᠭᠡᠢ ᠪᠠᠬᠠᠳᠤᠨ ᠱᠠᠭᠰᠢᠪᠠ᠃ 
       ᠮᠠᠨᠵᠤ ᠨᠠᠷ ᠢ᠋ ᠬᠥᠭᠡᠭᠡᠭᠰᠡᠨ ᠡᠴᠡ ᠬᠣᠢᠰᠢ᠂ ᠰᠠᠢ᠍ᠢ(ᠰᠠᠶ᠋ᠢ) ᠥᠪᠡᠷᠰᠡᠳ ᠦ᠋ᠨ ᠮᠣᠩᠭᠣᠯ ᠴᠡᠷᠢᠭ ᠢ᠋ ᠡᠢᠮᠦ ᠰᠦᠷ ᠲᠡᠢ ᠵᠢᠪᠬᠤᠯᠠᠩ ᠲᠠᠢ ᠶ᠋ᠢ ᠦᠵᠡᠵᠦ ᠪᠠᠢᠭ᠎ᠠ ᠠᠷᠠᠳ ᠤ᠋ᠳ᠂ ᠬᠦᠴᠦ ᠲᠠᠷᠭᠤ ᠰᠠᠢᠲᠠᠢ ᠬᠦᠯᠦᠭ ᠰᠠᠢᠨ ᠮᠣᠷᠢ ᠲᠠᠢ ᠬᠦᠳᠡᠷ ᠴᠢᠭᠢᠷᠠᠭ ᠴᠡᠷᠢᠭ ᠡᠷ᠎ᠡ ᠶ᠋ᠢ ᠬᠣᠶᠠᠷ ᠲᠠᠯ᠎ᠠ ᠠ᠋ᠴᠠ ᠨᠢ ᠲᠣᠭᠣᠷᠢᠨ᠂ ᠶᠡᠬᠡᠯ᠎ᠡ ᠪᠠᠶᠠᠷᠯᠠᠨ ᠪᠠᠬᠠᠳᠤᠵᠤ ᠦᠵᠡᠪᠡ᠃ 
       ᠵᠠᠮ ᠤ᠋ᠨ ᠬᠣᠶᠠᠷ ᠬᠠᠵᠠᠭᠤ ᠪᠠᠷ ᠴᠤᠪᠤᠵᠤ ᠢᠷᠡᠭᠰᠡᠨ ᠴᠡᠷᠢᠭ ᠦ᠋ᠨ ᠮᠠᠩᠯᠠᠢ ᠳ᠋ᠤ᠌ ᠶᠠᠪᠤᠭᠰᠠᠨ ᠬᠣᠶᠠᠷ ᠳᠠᠷᠤᠭ᠎ᠠ᠂ ᠬᠠᠳᠠᠭ ᠵᠡᠭᠦᠭᠰᠡᠨ ᠮᠥᠩᠭᠥᠨ ᠴᠢᠮᠡᠭ ᠲᠡᠢ ᠲᠤᠩ ᠴᠠᠭᠠᠨ ᠪᠦᠷᠢᠶ᠎ᠡ ᠪᠠᠷᠢᠭᠰᠠᠨ ᠬᠣᠶᠠᠷ ᠪᠦᠷᠢᠶᠡᠴᠢ ᠶ᠋ᠢ ᠳᠠᠭᠠᠭᠤᠯᠤᠨ᠂ ᠵᠠᠮ ᠤ᠋ᠨ ᠬᠣᠶᠠᠷ ᠬᠠᠵᠠᠭᠤ ᠪᠠᠷ ᠴᠢᠯᠠᠭᠤᠨ ᠬᠥᠮᠦᠨ ᠦ᠌ ᠠᠳᠠᠯᠢ ᠬᠥᠳᠡᠯᠦᠯ ᠦᠭᠡᠢ ᠵᠣᠭᠰᠣᠭᠰᠠᠨ ᠮᠣᠷᠢᠲᠤ ᠴᠡᠷᠢᠭ ᠦ᠋ᠨ ᠳᠤᠮᠳᠠᠭᠤᠷ ᠨᠣᠭᠣᠭᠠᠨ ᠣᠷᠳᠣᠨ ᠤ᠋ ᠵᠦᠭ ᠵᠤᠤᠵᠠᠢ ᠬᠣᠯᠪᠣᠨ ᠳᠠᠪᠬᠢᠵᠤ ᠣᠷᠳᠣᠨ ᠤ᠋ ᠬᠠᠭᠠᠯᠭᠠᠨ᠎ᠠ ᠬᠦᠷᠦᠮᠡᠭᠴᠡ᠂ ᠫᠤᠤ ᠲᠠᠯᠪᠢᠬᠤ ᠴᠢᠮᠡᠭᠡ ᠲᠦᠩ ᠬᠢᠵᠦ ᠰᠣᠨᠣᠰᠳᠠᠭᠠᠳ᠂ ᠮᠣᠷᠢᠲᠠᠨ ᠴᠡᠷᠢᠭ ᠲᠡᠷᠡ ᠴᠢᠮᠡᠭᠡ ᠪᠡᠷ ᠮᠣᠷᠢᠨ ᠠ᠋ᠴᠠ ᠪᠠᠨ ᠪᠠᠭᠤᠪᠠ᠃ ᠤᠳᠠᠯ ᠦᠭᠡᠢ ᠬᠣᠶᠠᠳᠤᠭᠠᠷ ᠤᠳᠠᠭ᠎ᠠ ᠶ᠋ᠢᠨ ᠫᠤᠤ ᠲᠠᠯᠪᠢᠵᠤ᠂ ᠪᠠᠬᠠᠨ ᠪᠠᠢᠰᠬᠢᠭᠡᠳ ᠭᠤᠷᠪᠠᠳᠤᠭᠠᠷ ᠤᠳᠠᠭ᠎ᠠ ᠫᠤᠤ ᠲᠠᠯᠪᠢᠭᠰᠠᠨ ᠳ᠋ᠤ᠌ ᠣᠯᠠᠨ᠂ ᠵᠠ᠂ ᠣᠳᠣ ᠪᠣᠭᠳᠠ ᠵᠠᠯᠠᠷᠠᠪᠠ ᠭᠡᠵᠦ ᠱᠤᠤᠭᠢᠯᠳᠤᠪᠠ᠃ ᠪᠣᠭᠳᠠ ᠶ᠋ᠢᠨ ᠭᠣᠣᠯ ᠤ᠋ᠨ ᠣᠷᠳᠣᠨ ᠤ᠋ ᠵᠦᠭ ᠡᠴᠡ ᠬᠦᠢᠲᠡᠨ ᠵᠢᠬᠡᠭᠦᠨ ᠠᠭᠠᠷ ᠲᠤ᠌ ᠮᠥᠩᠭᠥᠨ ᠴᠢᠮᠡᠭ ᠲᠡᠢ ᠠᠭᠠᠷᠤ ᠽᠠᠨᠳᠠᠨ ᠪᠢᠰᠬᠢᠭᠦᠷ ᠦ᠋ᠨ ᠢᠷᠠᠭᠤ ᠰᠠᠢᠬᠠᠨ ᠡᠬᠡᠰᠢᠭ ᠰᠣᠨᠣᠰᠳᠠᠵᠤ᠂ ᠲᠠᠪᠤᠨ ᠥᠩᠭᠡ ᠶ᠋ᠢᠨ ᠲᠤᠭ ᠳᠠᠯᠪᠠᠭ᠎ᠠ ᠰᠢᠭᠦᠷ ᠨᠠᠮᠢᠷᠠᠨ ᠦᠵᠡᠭᠳᠡᠪᠡ᠃  
       ᠲᠥᠷᠥ ᠶ᠋ᠢᠨ ᠶᠡᠬᠡ ᠵᠢᠭᠰᠠᠭᠠᠯ ᠤ᠋ᠨ ᠡᠮᠦᠨ᠎ᠡ ᠲᠤᠩ ᠴᠠᠭᠠᠨ ᠵᠢᠷᠣᠭ᠎ᠠ ᠮᠣᠷᠢ ᠤᠨᠤᠭᠰᠠᠨ᠂ ᠭᠣᠶᠣ ᠰᠢᠷ᠎ᠠ ᠲᠣᠷᠭᠠᠨ ᠳᠡᠪᠡᠯ ᠲᠡᠢ ᠨᠢᠭᠡᠨ ᠶᠡᠬᠡᠮᠰᠦᠭ ᠯᠠᠮᠠ ᠦᠵᠡᠭᠳᠡᠭᠰᠡᠨ ᠨᠢ ᠵᠢᠪᠽᠥ᠋ᠨᠳᠠᠮᠪᠠ ᠬᠤᠲᠤᠭᠲᠤ ᠶ᠋ᠢᠨ ᠲᠥᠷᠥ ᠶ᠋ᠢᠨ ᠵᠢᠭᠰᠠᠭᠠᠯ ᠢ᠋ ᠤᠳᠤᠷᠢᠳᠬᠤ ᠳᠣᠨᠢᠷ ᠠᠵᠢ᠃ ᠲᠡᠭᠦᠨ ᠦ᠌ ᠬᠣᠢᠨᠠᠴᠠ ᠬᠦᠷᠡᠩ ᠲᠣᠷᠭᠠᠨ ᠳᠡᠪᠡᠯ ᠲᠡᠢ ᠨᠢᠭᠡᠨ ᠯᠠᠮᠠ᠂ ᠠᠯᠲᠠᠨ ᠭᠣᠣ ᠲᠠᠢ ᠪᠤᠨᠳᠤᠬᠣᠷᠯᠤ ᠶ᠋ᠢ ᠵᠣᠷᠭᠤᠮᠠᠯ ᠮᠣᠳᠣᠨ ᠡᠰᠢ ᠡᠴᠡ ᠪᠠᠷᠢᠵᠤ ᠶᠠᠪᠤᠪᠠ᠃ ᠪᠤᠨᠳᠤᠬᠣᠷᠯᠤ ᠪᠣᠯ ᠠᠶᠠᠨ ᠵᠠᠮ ᠳ᠋ᠤ᠌ ᠶᠠᠪᠤᠭᠰᠠᠳ ᠢ᠋ ᠠᠯᠢᠪᠠ ᠮᠠᠭᠤ ᠵᠦᠭ ᠦ᠋ᠨ ᠰᠠᠭᠠᠳ ᠬᠣᠣᠷᠯᠠᠯ ᠠ᠋ᠴᠠ ᠬᠠᠮᠠᠭᠠᠯᠠᠬᠤ ᠨᠢᠭᠡᠨ ᠵᠦᠢᠯ ᠦ᠋ᠨ ᠬᠥᠷᠥᠭ ᠪᠢᠯᠡ᠃ ᠲᠡᠭᠦᠨ ᠦ᠌ ᠪᠠᠢᠳᠠᠯ ᠢ᠋ ᠥᠭᠦᠯᠡᠪᠡᠯ᠂ ᠲᠥᠪ ᠳᠤᠮᠳᠠᠳᠤ ᠨᠢ ᠳᠡᠭᠡᠷ᠎ᠡ ᠡᠴᠡ ᠳᠣᠷᠣᠭᠰᠢ᠂ ᠮᠥᠨ ᠬᠥᠨᠳᠡᠯᠡᠨ ᠪᠤᠶᠤ ᠳᠥᠷᠪᠡᠨ ᠥᠨᠴᠥᠭ ᠡᠴᠡ ᠬᠣᠰᠢᠭᠤᠯᠳᠠᠨ ᠪᠣᠳᠣᠬᠤ ᠳ᠋ᠤ᠌᠂ ᠴᠥᠮ ᠠᠷᠪᠠᠨ ᠲᠠᠪᠤ ᠪᠣᠯᠬᠤ ᠲᠣᠭ᠎ᠠ ᠶ᠋ᠢ ᠭᠤᠷᠪᠠ ᠭᠤᠷᠪᠠ ᠪᠠᠷ ᠭᠤᠷᠪᠠᠨ ᠮᠥᠷ ᠪᠣᠯᠭᠠᠨ ᠪᠢᠴᠢᠭᠰᠡᠨ᠂ ᠲᠣᠭᠠᠨ ᠤ᠋ ᠳᠥᠷᠪᠡᠯᠵᠢᠨ ᠬᠦᠷᠳᠦ ᠲᠡᠢ ᠶ᠋ᠢ ᠥᠭᠦᠯᠡᠪᠡᠯ᠄   
             492         357          816   
       ᠡᠢᠮᠦ ᠬᠡᠳᠦᠨ ᠲᠣᠭ᠎ᠠ ᠶ᠋ᠢ ᠪᠢᠴᠢᠬᠠᠨ ᠶᠠᠰᠤᠲᠤ ᠮᠡᠯᠡᠬᠡᠢ ᠶ᠋ᠢᠨ ᠡᠯᠢᠭᠡᠨ ᠳᠡᠭᠡᠷ᠎ᠡ ᠪᠣᠢ ᠬᠦᠷᠳᠦᠨ ᠳ᠋ᠦ᠍ ᠵᠢᠷᠤᠵᠠᠢ᠃ ᠲᠡᠷᠡ ᠶᠠᠰᠤᠲᠤ ᠮᠡᠯᠡᠬᠡᠢ ᠶ᠋ᠢᠨ ᠡᠷᠭᠢᠨ ᠲᠣᠭᠣᠷᠢᠨ ᠳ᠋ᠤ᠌ ᠬᠤᠯᠤᠭᠠᠨ᠎ᠠ᠂ ᠦᠬᠡᠷ᠂ ᠪᠠᠷᠰ᠂ ᠲᠠᠤᠯᠠᠢ᠂ ᠯᠤᠤ᠂ ᠮᠣᠭᠠᠢ᠂ ᠮᠣᠷᠢ᠂ ᠬᠣᠨᠢ᠂ ᠪᠡᠴᠢ᠂ ᠲᠠᠬᠢᠶ᠎ᠠ᠂ ᠨᠣᠬᠠᠢ᠂ ᠭᠠᠬᠠᠢ ᠭᠡᠳᠡᠭ ᠠᠷᠪᠠᠨ ᠬᠣᠶᠠᠷ ᠵᠢᠯ ᠦ᠋ᠨ ᠠᠮᠢᠲᠠᠨ ᠢ᠋ ᠵᠢᠷᠤᠵᠤ᠂ ᠲᠩᠷᠢ ᠭᠠᠵᠠᠷ᠂ ᠠᠶᠤᠩᠭ᠎ᠠ ᠠᠭᠤᠯᠠ᠂ ᠰᠠᠯᠬᠢᠨ᠂ ᠭᠠᠯ᠂ ᠤᠰᠤ ᠲᠡᠷᠢᠭᠦᠲᠡᠨ ᠢ᠋ ᠳᠦᠷᠰᠦᠯᠡᠭᠰᠡᠨ ᠨᠠᠢ᠍ᠮᠠᠨ ᠬᠦᠯᠢᠯ ᠢ᠋ ᠵᠢᠷᠤᠵᠤ᠂ ᠵᠠᠪᠰᠠᠷ ᠥᠨᠴᠥᠭ ᠲᠤᠨᠢ ᠬᠠᠰ ᠲᠠᠮᠠᠭ᠎ᠠ ᠳᠦᠷᠰᠦᠯᠡᠭᠰᠡᠨ ᠨᠢ ᠶᠡᠬᠡ ᠶᠠᠰᠤᠲᠤ ᠮᠡᠯᠡᠬᠡᠢ ᠶ᠋ᠢᠨ ᠡᠯᠢᠭᠡᠨ ᠳᠡᠭᠡᠷ᠎ᠡ ᠪᠡᠨ ᠪᠠᠷᠢᠵᠤ ᠪᠠᠢᠭ᠎ᠠ ᠬᠦᠷᠳᠦ ᠶ᠋ᠢᠨ ᠳᠦᠷᠰᠦ ᠲᠡᠢ ᠠᠵᠢ᠃ 
       ᠪᠤᠨᠳᠤᠬᠣᠷᠯᠤ ᠪᠠᠷᠢᠭᠰᠠᠨ ᠯᠠᠮᠠ ᠶ᠋ᠢᠨ ᠬᠣᠢᠨ᠎ᠠ ᠠ᠋ᠴᠠ ᠳᠡᠰ ᠬᠠᠷ᠎ᠠ ᠮᠣᠷᠢ ᠤᠨᠤᠭᠰᠠᠨ᠂ ᠪᠠᠷᠠᠭᠠᠨ ᠬᠦᠷᠡᠩ ᠲᠣᠷᠭᠠᠨ ᠳᠡᠪᠡᠯ ᠲᠡᠢ ᠨᠢᠭᠡ ᠯᠠᠮᠠ ᠭᠦᠷᠢᠮ ᠦ᠋ᠨ ᠭᠤᠷᠪᠠᠯᠵᠢᠨ ᠰᠢᠷ᠎ᠠ ᠲᠤᠭ ᠪᠠᠷᠢᠵᠤ᠂ ᠲᠡᠭᠦᠨ ᠦ᠌ ᠬᠣᠢᠨ᠎ᠠ ᠠ᠋ᠴᠠ ᠳᠡᠷᠭᠡᠳᠡ ᠨᠢ ᠶᠡᠬᠡ ᠰᠢᠷ᠎ᠠ ᠲᠤᠭ᠂ ᠳᠠᠷᠠᠭ᠎ᠠ ᠪᠠᠷ ᠪᠠᠭ᠎ᠠ ᠲᠤᠭ ᠬᠣᠶᠠᠷ ᠢ᠋ ᠵᠠᠯᠠᠵᠤ᠂ ᠳᠠᠷᠠᠭ᠎ᠠ ᠪᠠᠷ ᠲᠣᠮᠣ ᠴᠠᠭᠠᠨ ᠮᠣᠷᠢ ᠤᠨᠤᠭᠰᠠᠨ᠂ ᠦᠨᠡᠭᠡᠨ ᠮᠠᠯᠠᠭᠠᠢ ᠲᠠᠢ᠂ ᠶᠡᠬᠡ ᠲᠣᠮᠣ ᠪᠡᠶ᠎ᠡ ᠲᠡᠢ ᠨᠢᠭᠡᠨ ᠬᠥᠮᠦᠨ ᠭᠠᠯ ᠤ᠋ᠨ ᠳᠥᠯᠥ ᠲᠣᠷᠣᠢᠯᠭᠠᠨ ᠬᠥᠪᠡᠭᠡᠯᠡᠭᠰᠡᠨ ᠭᠤᠷᠪᠠᠯᠵᠢᠨ ᠲᠣᠮᠣ ᠴᠠᠭᠠᠨ ᠬᠢᠭᠢᠷᠢ ᠪᠠᠷᠢᠵᠤ᠂ ᠲᠡᠭᠦᠨ ᠦ᠌ ᠬᠣᠢᠨ᠎ᠠ ᠠ᠋ᠴᠠ ᠬᠣᠶᠠᠷ ᠲᠥᠪᠡᠳ ᠴᠡᠩᠬᠡᠷ ᠬᠢᠭᠢᠷᠢ ᠪᠠᠷᠢᠭᠰᠠᠨ ᠬᠣᠶᠠᠷ ᠮᠣᠷᠢᠲᠠᠢ ᠬᠥᠮᠦᠨ᠂ ᠳᠠᠷᠠᠭ᠎ᠠ ᠪᠠᠷ ᠨᠢᠭᠡᠨ ᠭᠣᠶᠣᠮᠰᠣᠭ ᠳᠡᠪᠡᠯ ᠲᠡᠢ ᠬᠥᠮᠦᠨ᠂ ᠶᠡᠬᠡᠯ᠎ᠡ ᠰᠠᠢᠬᠠᠨ ᠤᠭᠠᠯᠵᠠᠲᠠᠢ ᠰᠦᠯᠳᠡ ᠰᠠᠠᠭᠠᠳᠠᠭ ᠠᠷᠤ ᠳ᠋ᠠᠭᠠᠨ ᠡᠭᠦᠷᠴᠦ᠂ ᠲᠡᠭᠦᠨ ᠦ᠌ ᠬᠣᠢᠨ᠎ᠠ ᠠ᠋ᠴᠠ ᠮᠣᠷᠢᠨ ᠤ᠋ ᠨᠢᠷᠤᠭᠤᠨ ᠳ᠋ᠠᠬᠢ ᠡᠷᠪᠡᠭᠡᠯᠵᠢ ᠳ᠋ᠦ᠍ ᠠᠴᠢᠭᠰᠠᠨ ᠨᠢᠭᠡ ᠫᠤᠤ᠂ ᠳᠠᠷᠠᠭ᠎ᠠ ᠪᠠᠷ ᠨᠢ ᠰᠢᠷ᠎ᠠ ᠶ᠋ᠢᠨ ᠱᠠᠰᠢᠨ ᠤ᠋ ᠲᠣᠭᠰᠢᠨ ᠨᠡᠢᠴᠦᠩ ᠰᠠᠬᠢᠭᠤᠯᠰᠤᠨ ᠤ᠋ ᠲᠤᠭ ᠵᠠᠯᠠᠭᠰᠠᠨ ᠬᠥᠬᠡ ᠴᠢᠷᠠᠢᠲᠠᠢ ᠯᠠᠮᠠ᠂ ᠮᠣᠷᠢᠨ ᠤ᠋ ᠠᠯᠬᠤᠬᠤ ᠪᠠᠢᠳᠠᠯ ᠳ᠋ᠤ᠌ ᠨᠡᠢᠯᠡᠭᠦᠯᠦᠨ ᠥᠨᠳᠡᠢᠰ ᠦᠨᠳᠡᠢᠰ ᠭᠡᠵᠦ ᠶᠠᠪᠤᠪᠠ᠂ ᠲᠡᠭᠦᠨ ᠦ᠌ ᠬᠣᠢᠨ᠎ᠠ ᠠ᠋ᠴᠠ ᠨᠢ ᠪᠠᠭ᠎ᠠ ᠪᠤᠷᠬᠠᠨ ᠵᠠᠯᠠᠭᠰᠠᠨ ᠯᠠᠮᠠ᠂ ᠲᠡᠭᠦᠨ ᠦ᠌ ᠬᠣᠢᠨ᠎ᠠ ᠠ᠋ᠴᠠ ᠶᠡᠬᠡ ᠪᠤᠷᠬᠠᠨ ᠵᠠᠯᠠᠭᠰᠠᠨ ᠯᠠᠮᠠ᠂ ᠲᠡᠭᠦᠨ ᠦ᠌ ᠬᠣᠢᠨ᠎ᠠ ᠠ᠋ᠴᠠ ᠡᠮ ᠦ᠋ᠨ ᠰᠠᠪᠠ ᠪᠠᠷᠢᠭᠰᠠᠨ ᠯᠠᠮᠠ᠂ ᠲᠡᠭᠦᠨ ᠦ᠌ ᠬᠣᠢᠨ᠎ᠠ ᠠ᠋ᠴᠠ ᠲᠥᠪᠡᠳ ᠲᠤᠪᠤᠷᠭ᠎ᠠ ᠬᠤᠰᠢᠭᠤᠳ ᠢ᠋ ᠪᠠᠷᠢᠭᠰᠠᠨ ᠬᠣᠶᠠᠷ ᠯᠠᠮᠠ᠂ ᠲᠡᠭᠦᠨ ᠦ᠌ ᠬᠣᠢᠨ᠎ᠠ ᠠ᠋ᠴᠠ ᠴᠠᠷᠳᠠᠮᠠᠯ ᠨᠢᠭᠡ ᠶ᠋ᠢ ᠪᠠᠷᠢᠭᠰᠠᠨ ᠯᠠᠮᠠ᠂ ᠲᠡᠭᠦᠨ ᠦ᠌ ᠬᠣᠢᠨ᠎ᠠ ᠠ᠋ᠴᠠ ᠰᠠᠢᠨ ᠲᠣᠷᠭᠠᠨ ᠣᠯᠪᠣᠭ ᠪᠠᠷᠢᠭᠰᠠᠨ ᠯᠠᠮᠠ ᠶᠠᠪᠤᠵᠤ᠂ ᠲᠥᠷᠥ ᠶ᠋ᠢᠨ ᠰᠠᠢᠳ ᠤ᠋ᠳ ᠡᠷᠳᠡᠨᠢ ᠶ᠋ᠢᠨ ᠰᠡᠯᠡᠮ᠎ᠡ ᠵᠡᠭᠦᠵᠦ᠂ ᠵᠤᠤᠵᠠᠢ ᠬᠣᠯᠪᠣᠨ ᠶᠠᠪᠤᠵᠠᠢ᠃ ᠠᠷᠪᠠᠨ ᠬᠣᠶᠠᠷ ᠲᠦᠰᠢᠮᠡᠯ᠂ ᠯᠠᠮᠠ ᠵᠠᠢᠰᠠᠩ᠂ ᠰᠠᠢᠬᠠᠨ ᠬᠡᠵᠢᠮ ᠭᠥᠯᠢᠮ ᠲᠡᠢ ᠡᠷᠪᠡᠭᠡᠯᠵᠢᠲᠤ ᠮᠣᠷᠢ ᠬᠥᠲᠥᠯᠵᠦ᠂ ᠠᠷᠪᠠᠨ ᠵᠢᠷᠭᠤᠭᠠᠨ ᠬᠢᠶ᠎ᠡ ᠯᠠᠮᠠ᠂ ᠬᠤᠲᠤᠭᠲᠤ ᠶ᠋ᠢᠨ ᠠᠯᠲᠠᠨ ᠰᠡᠦᠬᠡ ᠶ᠋ᠢ ᠳᠥᠷᠪᠡ ᠳᠥᠷᠪᠡ ᠪᠡᠷ ᠳᠠᠮᠨᠠᠨ ᠶᠠᠪᠤᠵᠠᠢ᠃ ᠰᠡᠦᠬᠡᠨ ᠳ᠋ᠦ᠍ ᠪᠣᠭᠳᠠ ᠪᠤᠯᠠᠭᠠᠨ ᠳᠣᠲᠣᠷ ᠲᠠᠢ ᠠᠯᠲᠠᠨ ᠬᠠᠳᠬᠤᠮᠠᠯ ᠲᠠᠵᠢ ᠮᠠᠩᠨᠤᠭ ᠳᠡᠪᠡᠯ᠂ ᠮᠢᠨᠵᠢᠨ ᠮᠠᠯᠠᠭᠠᠢ ᠡᠮᠦᠰᠴᠦ᠂ ᠪᠠᠯᠠᠢᠷᠠᠨ ᠪᠠᠢᠭ᠎ᠠ ᠪᠦᠲᠦᠭ ᠨᠢᠳᠦᠨ ᠳ᠋ᠡᠭᠡᠨ ᠬᠠᠷ᠎ᠠ ᠰᠢᠯ ᠵᠡᠭᠦᠵᠡᠢ᠃ ᠰᠡᠦᠬᠡ ᠶ᠋ᠢᠨ ᠬᠣᠢᠨ᠎ᠠ ᠠ᠋ᠴᠠ ᠬᠣᠶᠠᠷ ᠯᠠᠮᠠ ᠶᠢᠰᠦᠨ ᠯᠤᠤᠲᠤ ᠬᠣᠬᠢᠭᠠᠷ ᠡᠰᠢᠲᠦ ᠶᠡᠬᠡ ᠰᠢᠷ᠎ᠠ ᠰᠢᠬᠦᠷ ᠪᠠᠷᠢᠵᠤ᠂ ᠪᠠᠰᠠ ᠬᠣᠶᠠᠷ ᠯᠠᠮᠠ ᠲᠣᠭᠣᠰ ᠤ᠋ᠨ ᠥᠲᠥᠨ ᠰᠢᠭᠦᠷ ᠪᠠᠷᠢᠵᠤ᠂ ᠬᠣᠶᠠᠷ ᠯᠠᠮᠠ ᠰᠢᠷ᠎ᠠ ᠯᠤᠳᠠᠩ ᠲᠣᠷᠭᠠᠨ ᠤ᠋ ᠰᠢᠭᠦᠷ ᠨᠢᠭᠡ ᠶ᠋ᠢ ᠪᠠᠷᠢᠵᠤ᠂ ᠰᠡᠦᠬᠡ ᠶ᠋ᠢᠨ ᠬᠣᠶᠠᠷ ᠬᠠᠵᠠᠭᠤ ᠪᠠᠷ ᠵᠢᠷᠭᠤᠭᠠᠨ ᠲᠤᠭᠴᠢᠨ ᠲᠥᠪᠡᠳ ᠬᠢᠭᠢᠷᠢ ᠪᠠᠷᠢᠵᠠᠭᠠᠨ᠂ ᠳᠥᠷᠪᠡᠨ ᠶᠡᠬᠡᠷᠬᠡᠭ ᠴᠢᠭᠢᠷᠠᠭ ᠯᠠᠮᠠ ᠪᠦᠳᠦᠭᠦᠨ ᠪᠠᠷᠰ ᠲᠠᠰᠢᠭᠤᠷ ᠮᠥᠷᠦᠨ ᠳᠡᠭᠡᠷ᠎ᠡ ᠪᠡᠨ ᠲᠠᠯᠪᠢᠨ ᠶᠠᠪᠤᠵᠤ᠂ ᠬᠣᠶᠠᠷ ᠪᠢᠰᠬᠢᠭᠦᠷᠴᠢᠨ ᠢ᠋ ᠳᠠᠭᠠᠭᠤᠯᠵᠠᠢ᠃ ᠪᠣᠭᠳᠠ ᠶ᠋ᠢᠨ ᠰᠡᠦᠬᠡ ᠶ᠋ᠢᠨ ᠬᠣᠢᠨ᠎ᠠ ᠠ᠋ᠴᠠ ᠨᠠᠢ᠍ᠮᠠᠨ ᠬᠢᠶ᠎ᠡ ᠨᠠᠷ᠂ ᠬᠠᠭᠠᠨ ᠤ᠋ ᠬᠠᠲᠤᠨ ᠡᠷᠭᠦᠮᠵᠢᠯᠡᠭᠦᠯᠬᠦ ᠭᠡᠵᠦ ᠶᠠᠪᠤᠭ᠎ᠠ ᠴᠠᠭᠠᠨ ᠳ᠋ᠠᠷ᠎ᠠ ᠡᠬᠡ ᠶ᠋ᠢᠨ ᠰᠡᠦᠬᠡ ᠳᠠᠮᠨᠠᠨ ᠶᠠᠪᠤᠵᠠᠢ᠃ ᠴᠠᠭᠠᠨ ᠨᠢᠭᠤᠷ ᠲᠠᠢ᠂ ᠤᠯᠠᠭᠠᠨ ᠬᠠᠴᠢᠷ ᠲᠠᠢ᠂ ᠶᠡᠬᠡᠯ᠎ᠡ ᠮᠠᠷᠢᠶᠠᠵᠢᠭᠰᠠᠨ ᠴᠠᠭᠠᠨ ᠳᠠᠷ᠎ᠠ ᠰᠤᠪᠤᠳ ᠡᠷᠳᠡᠨᠢ ᠶ᠋ᠢᠨ ᠴᠢᠯᠠᠭᠤ ᠪᠠᠷ ᠪᠡᠶ᠎ᠡ ᠶ᠋ᠢ ᠴᠢᠮᠡᠭᠯᠡᠭᠡᠳ᠂ ᠴᠢᠷᠠᠢ ᠶ᠋ᠢ ᠲᠥᠪ ᠪᠣᠯᠭᠠᠬᠤ ᠰᠠᠨᠠᠭ᠎ᠠ ᠬᠡᠳᠦᠢ ᠪᠣᠢ ᠪᠣᠯᠪᠠᠴᠤ᠂ ᠲᠣᠷᠮᠣᠭᠣᠷ ᠬᠠᠷ᠎ᠠ ᠨᠢᠳᠦᠨ ᠳ᠋ᠦ᠍ᠨᠢ ᠬᠦᠰᠡᠯ ᠬᠠᠨᠤᠨ ᠪᠦᠲᠦᠭᠰᠡᠨ ᠦ᠌ ᠪᠠᠶᠠᠷ ᠲᠣᠳᠣᠷᠬᠠᠢ ᠪᠢᠯᠡ᠃ ᠰᠡᠦᠬᠡ ᠶ᠋ᠢᠨ ᠬᠣᠶᠠᠷ ᠬᠠᠵᠠᠭᠤ ᠪᠠᠷ ᠠᠷᠪᠠᠨ ᠲᠠᠢᠵᠢ ᠴᠤᠪᠤᠷᠢᠨ(ᠴᠤᠪᠤᠷᠠᠨ) ᠳᠠᠭᠠᠵᠤ ᠮᠣᠷᠢᠨ ᠤ᠋ ᠰᠠᠢᠨ ᠢ᠋ ᠤᠨᠤᠵᠤ᠂ ᠬᠤᠪᠴᠠᠰᠤᠨ ᠤ᠋ ᠰᠠᠢᠨ ᠢ᠋ ᠡᠮᠦᠰᠦᠭᠰᠡᠨ ᠨᠢ᠂ ᠡᠮᠡᠭᠡᠯ᠂ ᠬᠠᠵᠠᠭᠠᠷ᠂ ᠬᠣᠲᠣᠷᠭ᠎ᠠ ᠬᠥᠮᠥᠯᠳᠥᠷᠭᠡ ᠴᠥᠮ ᠠᠯᠲᠠ᠂ ᠮᠥᠩᠭᠥ᠂ ᠱ᠌ᠢᠷᠦ ᠭᠢᠯᠠᠯᠵᠠᠨ᠂ ᠮᠣᠷᠢᠨ ᠤ᠋ ᠣᠮᠣᠷᠤᠤ ᠳ᠋ᠤ᠌ ᠭᠤᠸ᠎ᠠ ᠰᠠᠢᠬᠠᠨ ᠮᠣᠨᠴᠣᠭ ᠵᠡᠭᠦᠵᠡᠢ᠃ ᠲᠡᠷᠡ ᠲᠠᠢᠵᠢ ᠨᠠᠷ ᠤ᠋ᠨ ᠵᠠᠷᠢᠮ ᠨᠢ ᠡᠷᠲᠡᠨ ᠦ᠌ ᠳᠠᠩ ᠤᠯᠤᠰ ᠤ᠋ᠨ ᠦᠶ᠎ᠡ ᠶ᠋ᠢᠨ ᠠᠯᠲᠠᠨ ᠮᠥᠩᠭᠥᠨ ᠵᠢᠵᠢᠦ ᠲᠡᠢ ᠬᠦᠷᠡᠯ ᠳᠥᠷᠥᠭᠡ ᠳᠥᠷᠥᠭᠡᠯᠡᠵᠦ ᠶᠠᠪᠤᠭᠰᠠᠨ ᠨᠢ ᠡᠢᠮᠦ ᠬᠦᠷᠡᠯ ᠳᠥᠷᠥᠭᠡ ᠶ᠋ᠢ ᠮᠣᠩᠭᠣᠯᠴᠤᠳ᠂ ᠲᠩᠷᠢ ᠡᠴᠡ ᠪᠠᠭᠤᠭᠰᠠᠨ ᠬᠡᠰᠢᠭ ᠲᠡᠢ ᠳᠥᠷᠥᠭᠡ ᠭᠡᠵᠦ ᠦᠵᠡᠳᠡᠭ ᠪᠠᠢᠵᠠᠢ᠃ 
       ᠲᠠᠢᠵᠢ ᠨᠠᠷ ᠰᠣᠯᠣᠭᠠᠢ ᠲᠠᠯ᠎ᠠ ᠳ᠋ᠠᠭᠠᠨ ᠤᠭᠠᠯᠵᠠᠲᠠᠢ ᠭᠤᠸ᠎ᠠ ᠰᠠᠭᠠᠳᠠᠭ ᠲᠠᠢ ᠡᠷᠢᠶᠡᠨ ᠨᠤᠮᠤ᠂ ᠢᠴᠢ* ᠲᠠᠯ᠎ᠠ ᠳ᠋ᠠᠭᠠᠨ ᠵᠢᠵᠢᠦ ᠮᠥᠩᠭᠥᠨ ᠲᠠᠪᠲᠠᠢ ᠬᠣᠷᠣᠮᠰᠠᠭ᠎ᠠ ᠳ᠋ᠤ᠌ ᠳᠡᠰ ᠦ᠋ᠨ ᠥᠳᠥᠲᠦ ᠰᠤᠮᠤ ᠢᠷᠠᠢᠲᠠᠯ᠎ᠠ ᠳᠦᠭᠦᠷᠡᠩ ᠠᠭᠰᠠᠵᠠᠢ᠃ 
       ᠯᠤᠤᠬ᠎ᠠ ᠪᠣᠯᠤᠭᠰᠠᠨ ᠨᠢᠳᠦ ᠲᠡᠢ ᠨᠢᠭᠡᠨ ᠡᠪᠦᠭᠡᠨ ᠭᠤᠢᠯᠢᠨᠴᠢ ᠲᠡᠷᠡ ᠰᠦᠷᠲᠦ ᠵᠢᠭᠰᠠᠭᠠᠯ ᠢ᠋ ᠬᠠᠷᠠᠵᠤ ᠬᠠᠷᠠᠵᠤ᠂ ᠳᠡᠷᠭᠡᠳᠡ ᠪᠡᠨ ᠵᠣᠭᠰᠣᠵᠤ ᠪᠠᠢᠭᠰᠠᠨ ᠨᠥᠬᠥᠳ ᠲᠡᠭᠡᠨ᠂ 
       — ᠨᠣᠭᠣᠭᠠᠨ ᠣᠷᠳᠣᠨ ᠤ᠋ ᠬᠢᠨ ᠡᠳᠦᠷ ᠲᠦ᠍ ᠲᠠᠪᠤᠨ ᠤᠳᠠᠭ᠎ᠠ ᠬᠣᠭᠣᠯᠠ ᠢᠳᠡᠳᠡᠭ ᠭᠡᠵᠦ ᠬᠡᠯᠡᠯᠴᠡᠳᠡᠭ ᠨᠢ ᠲᠦᠮᠡᠨ ᠦᠨᠡᠨ ᠶᠦᠮ ᠪᠠᠢᠨ᠎ᠠ ᠰᠢᠦ᠃ ᠬᠥᠪᠴᠢ ᠶ᠋ᠢᠨ ᠵᠣᠨᠤᠩ ᠤ᠋ᠨ ᠡᠨᠡ ᠰᠢᠷ᠎ᠠ ᠬᠡᠦᠬᠡᠨ ᠦ᠌ ᠭᠣᠣᠯ ᠤ᠋ᠨ ᠬᠥᠬᠡ ᠲᠠᠩᠭᠤᠳ ᠤ᠋ᠨ ᠬᠣᠭᠣᠯᠠᠨ ᠳ᠋ᠤ᠌ ᠪᠥᠭᠡᠷ᠎ᠡ ᠪᠡᠨ ᠥᠭᠡᠬᠦᠯᠡᠲᠡᠯ᠎ᠡ ᠴᠠᠳᠤᠭᠰᠠᠨ ᠢ᠋ ᠬᠠᠷᠠᠪᠠᠤ᠂ ᠴᠢ ᠮᠢᠨᠢ? ᠡᠳᠡᠨ ᠦ᠌ ᠡᠳᠦᠷ ᠪᠦᠷᠢ ᠴᠢᠬᠢᠳᠡᠭ ᠡᠴᠡ ᠨᠢ ᠴᠢ ᠪᠢᠳᠡ ᠬᠣᠶᠠᠷ ᠨᠢᠭᠡ ᠤᠳᠠᠭ᠎ᠠ ᠴᠤ᠌ ᠭᠡᠰᠡᠨ ᠴᠠᠳᠲᠠᠯ᠎ᠠ ᠢᠳᠡᠵᠦ ᠦᠵᠡᠳᠡᠭ ᠪᠣᠯᠪᠠᠯ ᠶᠠᠭᠤᠲᠠᠢ ᠪᠢᠯᠡ? ᠭᠡᠵᠦ᠃ 
       ᠲᠡᠭᠡᠬᠦ ᠳ᠋ᠦ᠍ᠨᠢ᠂ ᠬᠠᠯᠴᠠᠭᠠᠷ ᠮᠠᠭᠤ ᠯᠣᠣᠪᠣᠤᠵᠠ ᠲᠠᠢ᠂ ᠬᠢᠭᠤᠷᠰᠤ ᠳᠦᠭᠦᠷᠦᠭᠰᠡᠨ ᠱᠣᠳᠣᠩ ᠪᠤᠭᠤᠷᠤᠯ ᠭᠡᠵᠢᠭᠡ ᠲᠡᠢ ᠪᠠᠯᠲᠠᠭᠠᠷ ᠡᠪᠦᠭᠡᠨ ᠨᠠᠢᠷᠠᠮᠳᠠᠬᠤ ᠵᠥᠭᠡᠯᠡᠨ ᠢ᠋ᠶ᠋ᠡᠷ ᠥᠭᠦᠯᠡᠷᠦᠨ᠂ 
       — ᠥᠨᠥᠳᠥᠷ ᠴᠢ ᠪᠢᠳᠡ ᠬᠣᠶᠠᠷ ᠴᠤ᠌ ᠭᠡᠰᠡᠨ ᠨᠢᠭᠡ ᠴᠠᠳᠬᠤ ᠪᠠᠢᠯ ᠦᠭᠡᠢ ᠳᠡ᠃ ᠪᠣᠭᠳᠠ ᠭᠡᠭᠡᠬᠡᠨ(ᠭᠡᠭᠡᠨ) ᠬᠠᠭᠠᠨ ᠰᠢᠷᠡᠭᠡᠨ ᠳ᠋ᠦ᠍ ᠵᠠᠯᠠᠷᠠᠯ᠎ᠠ ᠭᠡᠵᠦ ᠬᠦᠷᠢᠶᠡᠨ ᠦ᠌ ᠬᠢᠨ ᠵᠢᠷ ᠦ᠋ᠨ ᠡᠳᠦᠷ ᠡᠴᠡ ᠠᠷᠠᠢ ᠥᠭᠯᠢᠭᠡᠴᠢ ᠪᠠᠢᠬᠤ ᠶᠤᠮ ᠪᠠᠢᠯ ᠦᠭᠡᠢ ᠳᠡ᠃  
       — ᠴᠢ ᠬᠠᠷᠠᠭᠠᠴᠢ᠂ ᠡᠨᠡ ᠵᠢᠭᠰᠠᠭᠠᠯ ᠶᠠᠭᠤᠲᠠᠢ ᠰᠦᠷ ᠲᠡᠢ ᠰᠠᠢᠬᠠᠨ ᠪᠣᠢ? ᠬᠡᠴᠢᠨᠡᠨ ᠰᠠᠢᠬᠠᠨ ᠭᠣᠶᠣ ᠲᠤᠭ ᠳᠠᠯᠪᠠᠭ᠎ᠠ ᠭᠢᠯᠠᠯᠵᠠᠨ ᠨᠠᠮᠢᠯᠵᠠᠵᠤ᠂ ᠬᠡᠴᠢᠨᠡᠨ ᠣᠯᠠᠨ ᠭᠣᠶᠣ ᠰᠢᠷ᠎ᠠ ᠴᠠᠢᠪᠤᠷ ᠯᠠᠮᠠ ᠬᠤᠸᠠᠷᠠᠭ᠂ ᠨᠣᠶᠠᠳ ᠳᠡᠭᠡᠳᠦᠰ ᠵᠠᠯᠠᠷᠠᠵᠤ ᠶᠠᠪᠤᠨ᠎ᠠ ᠭᠡᠬᠦ ᠳ᠋ᠦ᠍ᠨᠢ᠂ 
       — ᠵᠠᠯᠠᠷᠠᠬᠤ ᠪᠠᠨ ᠴᠤ᠌ ᠠᠯᠳᠠᠭ ᠳᠠ! ᠲᠡᠷᠡ ᠰᠠᠢᠬᠠᠨ ᠠ᠋ᠴᠠ ᠴᠢᠨᠢ ᠪᠣᠯᠵᠤ᠂ ᠨᠠᠭᠠᠳᠤ ᠵᠠᠬ᠎ᠠ ᠨᠢ ᠴᠢ ᠪᠢᠳᠡ ᠬᠣᠶᠠᠷ ᠪᠠᠯᠠᠷᠠᠵᠤ ᠶᠠᠪᠤᠭ᠎ᠠ ᠶᠤᠮ ᠪᠢᠰᠢ ᠤᠤ? ᠬᠠᠷᠠᠪᠠᠤ ᠲᠡᠷᠡ᠂ ᠮᠠᠨᠠᠢ ᠨᠣᠶᠠᠨ᠂ ᠪᠤᠯᠠᠭ᠎ᠠ ᠲᠣᠷᠭ᠎ᠠ ᠪᠠᠷ ᠣᠷᠢᠶᠠᠭᠰᠠᠨ ᠥᠭᠡᠬᠦ ᠰᠢᠭ ᠣᠪᠣᠯᠵᠠᠵᠤ ᠶᠠᠪᠤᠭ᠎ᠠ ᠪᠠᠢᠳᠠᠯ ᠨᠢ······  ᠴᠢ ᠪᠢᠳᠡ ᠬᠣᠶᠠᠷ ᠤ᠋ᠨ ᠮᠠᠯ ᠰᠦᠷᠦᠭ ᠮᠠᠨᠢ ᠴᠠᠭᠠᠳᠤᠬᠢ ᠶ᠋ᠢᠨ ᠴᠢᠨᠢ ᠣᠷᠢᠶᠠᠭᠰᠠᠨ ᠪᠤᠯᠠᠭ᠎ᠠ ᠲᠣᠷᠭ᠎ᠠ ᠪᠣᠯᠤᠭᠠᠳ᠂ ᠬᠥᠭᠡᠷᠦᠬᠦᠢ ᠪᠣᠯᠤᠭᠰᠠᠨ ᠪᠢᠳᠡ ᠬᠣᠶᠠᠷ ᠵᠣᠯᠪᠢᠨ ᠨᠣᠬᠠᠢ ᠰᠢᠭ᠋ ᠬᠦᠷᠢᠶᠡᠨ ᠦ᠌ ᠬᠦᠷᠳᠦᠨ ᠳᠣᠣᠷ᠎ᠠ ᠬᠣᠨᠣᠳᠠᠭ ᠪᠣᠯᠤᠭᠰᠠᠨ ᠪᠢᠰᠢ ᠤᠤ? ᠡᠳᠡᠨ ᠦ᠌ ᠨᠢᠭᠦᠯ ᠦ᠋ᠨ ᠰᠠᠪᠠ ᠳᠦᠭᠦᠷᠳᠡᠭ ᠨᠢᠭᠡ ᠴᠠᠭ ᠪᠠᠢᠳᠠᠭ ᠪᠢᠯᠢᠤ? ᠭᠡᠵᠦ ᠬᠣᠷᠣᠰᠤᠨ ᠬᠡᠯᠡᠬᠦ ᠳ᠋ᠦ᠍ᠨᠢ ᠪᠠᠯᠲᠠᠭᠠᠷ ᠡᠪᠦᠭᠡᠨ ᠰᠠᠨᠳᠤᠨ ᠡᠮᠢᠶᠡᠵᠦ ᠶᠠᠭᠠᠷᠠᠨ ᠨᠥᠬᠥᠷ ᠦ᠋ᠨ ᠢ᠋ᠶ᠋ᠡᠨ ᠬᠠᠨᠴᠤ(ᠬᠠᠨᠴᠤᠢ) ᠠ᠋ᠴᠠ ᠴᠢᠩᠭᠠᠭᠠᠳ᠂ 
       — ᠪᠣᠯᠢ ᠪᠣᠯᠢ! ᠨᠠᠮᠳᠠᠵᠤ ᠬᠠᠢᠷᠠᠯᠠ! ᠴᠠᠭᠠᠳᠤᠭᠤᠯ(ᠴᠠᠭᠠᠳᠤᠭᠤᠯᠠ) ᠴᠢᠨᠢ ᠰᠣᠨᠣᠰᠪᠠᠯ᠂ ᠴᠢ ᠪᠢᠳᠡ ᠬᠣᠶᠠᠷ ᠲᠤ᠌ ᠬᠠᠯᠳᠠᠬᠤ ᠵᠣᠪᠠᠯᠠᠩ ᠪᠠᠭ᠎ᠠ ᠦᠭᠡᠢ ᠭᠡᠵᠦ ᠮᠡᠳᠡᠭᠡᠷᠡᠢ ᠭᠡᠬᠦ ᠳ᠋ᠦ᠍ᠨᠢ(ᠳ᠋ᠦ᠍ ᠨᠢ) ᠨᠥᠭᠦᠭᠡ ᠡᠪᠦᠭᠡᠨ ᠭᠤᠢᠯᠢᠨᠴᠢᠨ᠂ ᠣᠮᠣᠭᠣᠯᠳᠠᠭᠰᠠᠨ(ᠣᠮᠣᠭᠣᠯᠲᠤᠭᠰᠠᠨ) ᠤᠷᠤᠭᠤᠯ ᠢ᠋ᠶ᠋ᠠᠨ ᠬᠥᠳᠡᠯᠭᠡᠨ᠂ ᠠᠮᠠᠨ ᠳᠣᠲᠣᠷ᠎ᠠ ᠪᠠᠨ ᠶᠠᠭᠤᠮ᠎ᠠ ᠰᠢᠪᠡᠨᠡᠨ᠂ ᠲᠦᠮᠡᠨ ᠬᠣᠷᠣᠰᠤᠯ ᠵᠠᠩᠭᠢᠷᠠᠭᠰᠠᠨ ᠨᠢᠳᠦ ᠪᠡᠷ ᠢ᠋ᠶ᠋ᠡᠨ ᠪᠣᠭᠳᠠ ᠶ᠋ᠢᠨ ᠭᠣᠶᠣ ᠵᠢᠭᠰᠠᠭᠠᠯ ᠤ᠋ᠨ ᠬᠣᠢᠨ᠎ᠠ ᠠ᠋ᠴᠠ ᠬᠦᠢᠲᠡᠨ ᠢ᠋ᠶ᠋ᠡᠷ ᠰᠢᠷᠳᠡᠨ ᠵᠣᠭᠰᠣᠵᠤ ᠪᠢᠯᠡ᠃ 
       ᠶᠡᠬᠡ ᠵᠢᠭᠰᠠᠭᠠᠯ ᠢ᠋ ᠠᠢᠰᠤᠢ ᠢᠷᠡᠬᠦ ᠳ᠋ᠦ᠍᠂ ᠵᠠᠮ ᠤ᠋ᠨ ᠬᠣᠶᠠᠷ ᠡᠲᠡᠭᠡᠳ ᠦ᠋ᠨ ᠴᠡᠷᠢᠭ᠂ ᠲᠡᠳᠡᠨ ᠦ᠌ ᠠᠷᠤ ᠳ᠋ᠤ᠌ ᠵᠣᠭᠰᠣᠭᠰᠠᠨ ᠴᠡᠷᠢᠭ ᠦ᠋ᠨ ᠬᠠᠮᠲᠤ ᠰᠥᠭᠥᠳᠴᠦ ᠮᠥᠷᠭᠥᠨ ᠥᠩᠭᠡᠷᠡᠭᠦᠯᠦᠭᠰᠡᠭᠡᠷ ᠵᠢᠭᠰᠠᠭᠠᠯ ᠢ᠋ ᠰᠢᠷ᠎ᠠ ᠣᠷᠳᠣᠨ ᠤ᠋ ᠣᠢᠷ᠎ᠠ ᠬᠦᠷᠴᠦ ᠢᠷᠡᠬᠦ ᠳ᠋ᠦ᠍᠂ ᠠᠮᠢᠲᠠᠨ ᠴᠢᠬᠢᠯᠴᠡᠨ ᠤᠯᠠᠭᠠᠨ ᠬᠦᠷᠡᠩ ᠱᠥᠷᠭᠡ ᠶ᠋ᠢᠨ ᠵᠦᠭ ᠲᠡᠮᠡᠴᠡᠨ ᠳᠠᠭᠠᠷᠢᠵᠤ᠂《ᠠᠮᠢᠳᠤ ᠪᠤᠷᠬᠠᠨ》 ᠤ᠋ ᠵᠠᠯᠠᠷᠠᠵᠤ ᠶᠠᠪᠤᠬᠤ ᠶ᠋ᠢ ᠬᠠᠷᠠᠬᠤ ᠶᠤᠮᠰᠠᠨ ᠭᠡᠵᠦ ᠵᠢᠳᠬᠦᠪᠡ᠃ ᠭᠡᠰᠬᠦᠢ ᠨᠠᠷ ᠤ᠋ᠨ ᠵᠢᠭᠰᠠᠭᠠᠭᠰᠠᠨ ᠴᠢᠭᠢᠷᠠᠭ ᠴᠢᠭᠢᠷᠠᠭ ᠪᠦᠳᠦᠭᠦᠨ ᠯᠠᠮᠠ ᠨᠠᠷ ᠬᠥᠭᠰᠢᠨ ᠵᠠᠯᠠᠭᠤ᠂ ᠡᠷ᠎ᠡ ᠡᠮ᠎ᠡ ᠶ᠋ᠢ ᠢᠯᠭᠠᠯ ᠦᠭᠡᠢ᠂ ᠨᠢᠭᠤᠷ ᠨᠢᠳᠦ ᠦᠭᠡᠢ ᠲᠠᠰᠢᠭᠤᠷᠳᠠᠵᠤ᠂ ᠲᠡᠷᠡ ᠬᠡᠲᠦᠷᠬᠡᠢ ᠬᠠᠷᠭᠢᠰ ᠯᠠᠮᠠ ᠨᠠᠷ ᠤ᠋ᠨ ᠳᠣᠲᠣᠷ᠎ᠠ ᠠ᠋ᠴᠠ ᠨᠢᠭᠡ ᠲᠣᠮᠣ ᠯᠠᠮᠠ ᠣᠨᠴᠠ ᠳᠣᠭᠰᠢᠨ ᠰᠢᠷᠦᠭᠦᠨ ᠢ᠋ᠶ᠋ᠡᠷ ᠭᠠᠷ ᠬᠥᠳᠡᠯᠵᠦ᠂ ᠣᠯᠠᠨ ᠤ᠋ ᠵᠦᠭ ᠳᠠᠭᠠᠷᠢᠨ ᠣᠷᠣᠬᠤ ᠨᠢ ᠠᠵᠢᠷᠭᠠᠨ ᠴᠢᠨᠣ᠎ᠠ᠂ ᠰᠦᠷᠦᠭ ᠬᠣᠨᠢᠨ ᠳ᠋ᠤ᠌ ᠳᠠᠭᠠᠷᠢᠨ ᠣᠷᠣᠬᠤ ᠠᠳᠠᠯᠢ ᠦᠵᠡᠭᠳᠡᠪᠡ᠃ ᠶᠡᠬᠡ ᠶᠣᠰᠣᠯᠠᠯ ᠤ᠋ᠨ ᠤᠷᠢᠳᠠ(ᠤᠷᠢᠳ) ᠡᠳᠦᠷ᠂ ᠴᠠᠬᠠᠷ ᠨᠤᠲᠤᠭ ᠠ᠋ᠴᠠ ᠲᠠᠷᠭᠠᠢ ᠰᠠᠢᠨᠪᠢᠯᠢᠭ᠌ ᠬᠣᠶᠠᠷ᠂ ᠨᠥᠬᠥᠳ ᠦ᠋ᠨ ᠬᠠᠮᠲᠤ ᠢᠷᠡᠭᠡᠳ᠂ ᠬᠤᠲᠤᠭᠲᠤ ᠶ᠋ᠢ ᠦᠵᠡᠰᠦᠭᠡᠢ ᠭᠡᠵᠦ ᠣᠯᠠᠨ ᠤ᠋ ᠡᠮᠦᠨ᠎ᠡ ᠵᠠᠬ᠎ᠠ ᠳ᠋ᠤ᠌ ᠲᠦᠯᠬᠢᠯᠴᠡᠭᠰᠡᠭᠡᠷ ᠭᠠᠷᠴᠤ ᠢᠷᠡᠭᠰᠡᠨ ᠠᠯᠲᠠᠨᠬᠤᠶᠠᠭ᠂ ᠰᠠᠢᠨᠪᠢᠯᠢᠭ᠌  ᠢ᠋ ᠲᠦᠯᠬᠢᠨ᠄ 
       — ᠡᠨᠡ ᠡᠪᠡᠷ ᠦᠭᠡᠢ ᠦᠬᠡᠷ ᠦ᠋ᠨ ᠭᠠᠯᠵᠠᠭᠤᠷᠠᠵᠤ ᠪᠠᠢᠭ᠎ᠠ ᠶ᠋ᠢ ᠬᠠᠷᠠᠪᠠᠤ(ᠬᠠᠷᠠᠪᠠ ᠤᠤ) ᠭᠡᠵᠦ ᠶᠡᠬᠡᠯ᠎ᠡ(ᠶᠡᠬᠡ ᠯᠡ) ᠵᠢᠪᠡᠭᠦᠴᠡᠵᠦ ᠡᠨᠡ ᠬᠡᠳᠦᠨ ᠪᠠᠯᠠᠮᠠᠳ ᠯᠠᠮᠠ ᠨᠠᠷ᠂ ᠬᠥᠮᠦᠨ ᠢ᠋ ᠳᠠᠩᠴᠢ(ᠳᠠᠩᠴᠤ) ᠳᠡᠩᠳᠡᠭᠦᠦ ᠳᠠᠷᠤᠯᠠᠵᠤ ᠪᠠᠢᠨ᠎ᠠ᠁ ᠠᠯᠢ ᠠ᠋᠂ ᠪᠢ ᠲᠡᠷᠡ ᠮᠠᠭᠤ ᠳ᠋ᠤ᠌ ᠨᠢᠭᠡ ᠠᠳᠢᠰ ᠪᠠᠭᠤᠯᠭᠠᠵᠤ᠂ ᠬᠥᠭᠡᠷᠦᠬᠦᠢ ᠡᠪᠦᠭᠡᠳ ᠡᠮᠡᠭᠲᠡᠢᠴᠦᠳ ᠲᠦ᠍ ᠡᠷᠡᠯᠭᠡᠨ ᠪᠠᠭᠠᠲᠤᠷᠯᠠᠵᠤ ᠪᠠᠢᠭ᠎ᠠ ᠶ᠋ᠢᠨ ᠱᠠᠩ ᠥᠭᠭᠦᠶ᠎ᠡ᠃ ᠪᠤᠶᠠᠨᠲᠠᠨ ᠠᠬ᠎ᠠ ᠨᠠᠷ ᠮᠢᠨᠢ᠂ ᠵᠠᠢ ᠳᠡᠯᠪᠢ᠂ ᠪᠢ ᠲᠡᠷᠡ ᠦᠬᠡᠷ ᠢ᠋ ᠳᠥᠷᠥᠯᠡᠭᠡᠳ ᠦᠵᠡᠶ᠎ᠡ ᠭᠡᠵᠦ ᠠᠯᠲᠠᠨᠬᠤᠶᠠᠭ ᠪᠥᠬᠡ᠂ ᠨᠠᠭᠤᠷ ᠤ᠋ᠨ ᠤᠰᠤᠨ ᠤ᠋ ᠳᠣᠯᠭᠢᠶ᠎ᠠ ᠶ᠋ᠢ ᠡᠯᠢᠭᠡ ᠪᠡᠷ ᠢ᠋ᠶ᠋ᠡᠨ ᠬᠠᠭ᠎ᠠ ᠵᠦᠰᠦᠨ ᠬᠤᠷᠳᠤᠯᠠᠵᠤ ᠶᠠᠪᠤᠭ᠎ᠠ ᠬᠤᠨ ᠰᠢᠪᠠᠭᠤ ᠰᠢᠭ᠋᠂ ᠦᠢᠮᠡᠯᠳᠦᠨ ᠴᠢᠬᠢᠯᠳᠦᠨ ᠪᠠᠢᠭ᠎ᠠ ᠣᠯᠠᠨ ᠢ᠋ ᠬᠣᠶᠠᠷ ᠲᠡᠰᠢ(ᠲᠡᠢᠰᠢ) ᠨᠢ ᠬᠠᠭᠠᠯᠵᠤ᠂ ᠵᠢᠭᠰᠠᠭᠠᠯ ᠤ᠋ᠨ ᠵᠦᠭ ᠲᠠᠪᠰᠢᠬᠤ ᠳ᠋ᠤ᠌ ᠰᠠᠢᠨᠪᠢᠯᠢᠭ᠌ ᠲᠠᠷᠭᠠᠢ ᠬᠣᠶᠠᠷ᠂ ᠳᠡᠷᠭᠡᠳᠡ ᠨᠢ ᠪᠠᠭᠤᠷᠠᠢ ᠬᠥᠮᠦᠨ ᠢ᠋ ᠳᠠᠷᠤᠯᠠᠬᠤ ᠳ᠋ᠤ᠌ ᠲᠡᠰᠴᠦ ᠴᠢᠳᠠᠬᠤ ᠦᠭᠡᠢ ᠨᠥᠬᠥᠷ ᠦ᠋ᠨ ᠢ᠋ᠶ᠋ᠡᠨ ᠵᠠᠩ ᠢ᠋ ᠠᠨᠳᠤᠬᠤ(ᠠᠨᠳᠠᠬᠤ) ᠦᠭᠡᠢ ᠲᠤᠯᠠ᠂ ᠡᠬᠡ ᠶ᠋ᠢ ᠳᠠᠭᠠᠭᠰᠠᠨ ᠳᠡᠭᠳᠡᠭᠡᠬᠡᠢ ᠰᠢᠭ ᠠᠯᠲᠠᠨᠬᠤᠶᠠᠭ ᠤ᠋ᠨ ᠬᠣᠢᠨ᠎ᠠ ᠠ᠋ᠴᠠ ᠳᠠᠭᠠᠲᠠᠯ᠎ᠠ ᠲᠡᠷᠡ ᠴᠢᠭᠢᠷᠠᠭ ᠪᠥᠬᠡ ᠡᠷ᠎ᠡ ᠬᠡᠳᠦᠢᠨᠡᠢ(ᠬᠡᠳᠦᠢᠨ ᠦ᠌) ᠥᠨᠥᠬᠢ ᠯᠠᠮᠠ ᠶ᠋ᠢᠨ ᠵᠦᠭ ᠣᠢᠷᠠᠲᠤᠵᠤ(ᠣᠢᠷᠠᠳᠴᠤ) ᠣᠴᠢᠭᠠᠳ ᠲᠡᠷᠡ ᠯᠠᠮᠠ ᠶ᠋ᠢ ᠨᠢᠭᠡᠨ ᠵᠠᠯᠠᠭᠤ ᠡᠬᠡᠨᠡᠷ ᠦ᠋ᠨ ᠭᠡᠳᠡᠰᠦ ᠤᠷᠤᠭᠤ ᠬᠦᠴᠦᠯᠡᠨ ᠴᠣᠬᠢᠵᠤ᠂ ᠬᠥᠯ ᠳᠣᠣᠷ᠎ᠠ ᠪᠠᠨ ᠤᠨᠠᠭᠠᠭᠰᠠᠨ ᠦᠶᠡᠰ ᠢ᠋ᠶ᠋ᠡᠷ ᠳᠠᠭᠠᠷᠢᠯᠳᠤᠪᠠ᠃   

— — — — 
 * ᠠᠶ᠎ᠠ᠂ ᠤᠴᠢᠷ ᠮᠡᠳᠡᠬᠦ ᠦᠭᠡᠢ ᠬᠥᠮᠦᠰ᠂ ᠬᠠᠭᠠᠨ ᠢ᠋ᠶ᠋ᠠᠷ ᠲᠠ ᠨᠠᠷ ᠶᠠᠭᠤ ᠬᠢᠬᠦ  ᠨᠢ ᠪᠣᠢ? ᠨᠣᠬᠠᠢᠴᠢᠨ ᠢ᠋ᠶ᠋ᠠᠷ ᠲᠠ ᠨᠠᠷ ᠶᠠᠭᠤ ᠬᠢᠬᠤᠪ? ᠲᠠ ᠨᠠᠷ ᠨᠣᠬᠠᠢ ᠪᠢᠰᠢ᠂ ᠬᠥᠮᠦᠨ ᠶᠦᠮ ᠪᠢᠰᠢ ᠤᠤ? ᠭᠡᠵᠦ ᠦᠺᠷᠠᠢᠨᠠ ᠶ᠋ᠢᠨ ᠠᠯᠳᠠᠷᠲᠤ ᠵᠣᠬᠢᠶᠠᠯᠴᠢ ᠱᠧᠪᠴᠧᠨᠺᠦ ᠶ᠋ᠢᠨ ᠪᠢᠴᠢᠭᠰᠡᠨ ᠰᠢᠯᠦᠭ ᠢ᠋ᠶ᠋ᠡᠷ ᠪᠦᠯᠦᠭ ᠦ᠋ᠨ ᠤᠳᠤᠷᠢᠳᠬᠠᠯ ᠪᠣᠯᠭᠠᠪᠠ᠃ 
 * ᠢᠴᠢ — ᠭᠡᠵᠦ ᠵᠥᠪ ᠲᠠᠯ᠎ᠠ ᠭᠡᠰᠡᠨ ᠦᠭᠡ᠃ 

       ᠥᠨᠥᠬᠢ ᠯᠠᠮᠠ ᠳ᠋ᠤ᠌ ᠴᠣᠬᠢᠭᠤᠯᠵᠤ᠂ ᠲᠡᠷᠡ ᠬᠥᠭᠡᠷᠦᠬᠦᠢ ᠡᠮᠡᠭᠲᠡᠢ ᠶ᠋ᠢ ᠣᠢᠴᠢᠬᠤ ᠳ᠋ᠤ᠌᠂ ᠨᠢᠭᠡᠨ ᠡᠴᠡᠩᠬᠡᠷ(ᠡᠴᠡᠩᠭᠢᠷ)ᠡᠮᠡᠭᠡᠨ᠂ 
       — ᠠᠢ ᠬᠠᠯᠠᠭ᠂ ᠬᠡᠦᠬᠡᠨ ᠢ᠋ ᠮᠢᠨᠢ ᠠᠯᠠᠯ᠎ᠠ! ᠭᠡᠵᠦ ᠪᠠᠷᠬᠢᠷᠠᠭᠠᠳ᠂ ᠲᠡᠷᠡ ᠣᠢᠴᠢᠭᠰᠠᠨ ᠡᠮᠡᠭᠲᠡᠢ ᠶ᠋ᠢ ᠪᠡᠶ᠎ᠡ ᠪᠡᠷ ᠬᠠᠯᠬᠠᠯᠠᠨ ᠣᠷᠣᠭᠰᠢ ᠲᠠᠪᠰᠢᠮᠠᠭᠴᠠ ᠥᠨᠥᠬᠢ ᠯᠠᠮᠠ᠂ ᠲᠡᠷᠡ ᠡᠮᠡᠭᠡᠨ ᠢ᠋ ᠮᠢᠭᠤᠢ ᠶ᠋ᠢᠨ ᠵᠤᠯᠵᠠᠭ᠎ᠠ ᠢᠰᠬᠦᠯᠬᠦ ᠮᠡᠲᠦ ᠢᠰᠬᠦᠯᠦᠨ ᠥᠰᠥᠷᠬᠡᠪᠡ᠃ ᠲᠡᠷᠡ ᠬᠠᠪᠢ ᠶ᠋ᠢᠨ ᠣᠯᠠᠨ᠂ ᠥᠨᠥᠬᠢ ᠯᠠᠮᠠ ᠶ᠋ᠢ ᠶᠡᠬᠡᠯ᠎ᠡ (ᠶᠡᠬᠡ ᠯᠡ)ᠵᠢᠭᠰᠢᠨ ᠱᠤᠤᠭᠢᠲᠠᠯ᠎ᠠ᠂ ᠠᠯᠲᠠᠨᠬᠤᠶᠠᠭ ᠤ᠋ᠨ ᠬᠢᠯᠢᠩ ᠭᠠᠯ ᠮᠡᠲᠦ ᠪᠠᠳᠠᠷᠠᠵᠤ᠂ ᠤᠷᠤᠭᠰᠢ ᠭᠠᠯᠵᠠᠭᠤ ᠵᠠᠭᠠᠨ ᠮᠡᠲᠦ ᠤᠬᠤᠰᠬᠢᠨ ᠳᠠᠪᠬᠢᠵᠤ᠂ ᠳᠡᠰ ᠬᠢᠲᠡᠯ᠎ᠡ ᠱᠠᠭᠠᠬᠤ(ᠰᠢᠭᠠᠬᠤ) ᠴᠢᠮᠡᠭᠡ ᠰᠣᠨᠣᠰᠳᠠᠨ᠂ ᠲᠡᠷᠡ ᠬᠡᠷᠴᠡᠭᠡᠢ ᠯᠠᠮᠠ᠂ ᠴᠢᠭᠢᠷᠠᠭ ᠪᠥᠬᠡ ᠶ᠋ᠢᠨ ᠬᠠᠲᠠᠭᠤ ᠭᠠᠷ ᠲᠤ᠌ ᠴᠣᠬᠢᠭᠳᠠᠨ᠂ ᠪᠣᠭᠳᠠ ᠶ᠋ᠢᠨ ᠰᠡᠦᠬᠡ ᠶ᠋ᠢᠨ ᠬᠠᠵᠠᠭᠤ ᠪᠠᠷ ᠪᠠᠷᠠᠭ᠎ᠠ(ᠪᠠᠷ᠎ᠠ) ᠪᠣᠯᠵᠤ ᠶᠠᠪᠤᠭᠰᠠᠨ ᠨᠤᠮᠤ ᠰᠤᠮᠤ ᠠᠭᠰᠠᠭᠰᠠᠨ ᠨᠢᠭᠡ ᠲᠠᠢᠵᠢ ᠶ᠋ᠢᠨ ᠮᠣᠷᠢᠨ ᠤ᠋ ᠬᠣᠨᠳᠣᠯᠠᠢ ᠳᠡᠭᠡᠷ᠎ᠡ ᠫᠠᠳ ᠬᠢᠲᠡᠯ᠎ᠡ ᠠᠯᠳᠠᠯᠠᠨ ᠣᠢᠴᠢᠵᠤ᠂ ᠮᠣᠷᠢ᠂ ᠲᠠᠢᠵᠢ᠂ ᠯᠠᠮᠠ ᠭᠤᠷᠪᠠ᠂ ᠲᠤᠭᠴᠢᠨ ᠤ᠋ ᠮᠣᠷᠢᠨ ᠤ᠋ ᠬᠥᠯ ᠦ᠋ᠨ ᠳᠣᠣᠷ᠎ᠠ ᠫᠢᠵᠢᠭᠢᠨᠡᠨ ᠣᠢᠴᠢᠪᠠ᠃ ᠲᠤᠭᠴᠢᠨ ᠰᠣᠴᠢᠨ ᠰᠠᠨᠳᠤᠷᠬᠤ ᠳ᠋ᠠᠭᠠᠨ (ᠳ᠋ᠤ᠌ ᠪᠠᠨ)᠂ ᠲᠤᠭ ᠤ᠋ᠨ ᠡᠰᠢ ᠶ᠋ᠢ ᠠᠯᠳᠠᠵᠠᠢ᠃ 
       ᠠᠮᠢᠲᠠᠨ ᠦᠢᠮᠡᠯᠳᠦᠨ ᠰᠦᠢᠳ ᠪᠣᠯᠬᠤ ᠵᠠᠪᠰᠠᠷ᠂ ᠮᠠᠨᠠᠢ (ᠮᠠᠨ ᠤ᠋ )ᠭᠤᠷᠪᠠᠨ ᠨᠥᠬᠥᠳ᠂ ᠣᠯᠠᠨ ᠤ᠋ ᠳᠤᠮᠳᠠ ᠰᠢᠷᠭᠤᠯᠠᠨ ᠬᠤᠳᠬᠤᠯᠳᠤᠵᠤ᠂ ᠪᠠᠷᠠᠭ᠎ᠠ(ᠪᠠᠷ᠎ᠠ) ᠳᠣᠷᠣ ᠦᠭᠡᠢ ᠪᠣᠯᠵᠠᠢ᠃ ᠲᠡᠷᠡ ᠵᠠᠪᠰᠠᠷ᠂ ᠴᠡᠷᠢᠭ ᠦ᠋ᠳ᠂ ᠥᠨᠥᠬᠢ ᠯᠠᠮᠠ ᠶ᠋ᠢ ᠤᠩᠭᠠᠰᠤᠲᠠᠢ ᠲᠤᠯᠤᠮ ᠰᠢᠭ᠋ ᠴᠢᠷᠴᠦ᠂ ᠵᠠᠮ ᠤ᠋ᠨ ᠬᠠᠵᠠᠭᠤ ᠳ᠋ᠤ᠌ ᠭᠠᠷᠭᠠᠵᠤ ᠬᠠᠶᠠᠭᠠᠳ᠂ ᠲᠠᠢᠵᠢ ᠠᠪᠤᠭᠠᠢ ᠪᠣᠰᠴᠤ ᠳᠡᠪᠡᠯ ᠬᠤᠨᠠᠷ ᠤ᠋ᠨ ᠢ᠋ᠶ᠋ᠠᠨ ᠴᠠᠰᠤ ᠰᠢᠷᠣᠢ ᠶ᠋ᠢ ᠠᠷᠢᠯᠭᠠᠭᠠᠳ ᠮᠣᠷᠢ ᠪᠠᠨ ᠤᠨᠤᠵᠤ᠂ ᠰᠢᠷ᠎ᠠ ᠣᠷᠳᠣᠨ ᠤ᠋ ᠡᠮᠦᠨᠡᠬᠢ ᠱᠥᠷᠭᠡ ᠳ᠋ᠦ᠍ ᠬᠦᠷᠦᠭᠰᠡᠨ ᠵᠢᠭᠰᠠᠭᠠᠯ ᠤ᠋ᠨ ᠬᠣᠢᠨ᠎ᠠ ᠠ᠋ᠴᠠ ᠣᠳᠪᠠ᠃ 
       ᠰᠡᠦᠬᠡ ᠶ᠋ᠢ ᠣᠢᠷᠠᠲᠤᠨ ᠢᠷᠡᠮᠡᠭᠴᠡ᠂ ᠰᠢᠷ᠎ᠠ ᠣᠷᠳᠣᠨ ᠤ᠋ ᠡᠮᠦᠨᠡᠬᠢ ᠬᠠᠭᠠᠯᠭᠠᠨ ᠤ᠋ ᠲᠤᠰ ᠡᠳᠡᠭᠡᠣ᠌ᠠ ᠳ᠋ᠤ᠌ ᠵᠢᠭᠰᠠᠭᠠᠭᠰᠠᠨ ᠪᠢᠰᠬᠢᠭᠦᠷᠴᠢᠨ ᠡᠬᠡᠰᠢᠭ ᠬᠥᠭᠵᠢᠮ  ᠡᠷᠭᠦᠨ᠂ ᠬᠣᠰᠢᠭᠤ ᠴᠢᠭᠤᠯᠭᠠᠨ ᠠ᠋ᠴᠠ ᠶᠢᠰᠦᠨ ᠴᠠᠭᠠᠨ ᠤ᠋ ᠪᠡᠯᠡᠭ ᠶᠣᠰᠣᠯᠠᠯ ᠪᠠᠷᠢᠬᠤ ᠳ᠋ᠤ᠌᠂ ᠴᠠᠭᠠᠨ ᠮᠣᠷᠢ ᠲᠡᠮᠡᠭᠡᠨ ᠦ᠌ ᠬᠦᠵᠦᠭᠦᠨ ᠳ᠋ᠦ᠍ ᠤᠯᠠᠭᠠᠨ᠂ ᠰᠢᠷ᠎ᠠ᠂ ᠴᠠᠭᠠᠨ᠂ ᠬᠥᠬᠡ ᠬᠠᠳᠠᠭ ᠪᠤᠯᠠᠭ᠎ᠠ ᠵᠡᠷᠭᠡ ᠶ᠋ᠢ ᠮᠣᠯᠴᠣᠭᠯᠠᠨ ᠵᠡᠭᠦᠭᠰᠡᠨ ᠲᠦᠰᠢᠮᠡᠳ ᠰᠥᠭᠥᠳᠦᠨ ᠮᠥᠷᠭᠥᠪᠡ᠃ 
       ᠰᠢᠷ᠎ᠠ ᠣᠷᠳᠣᠨ ᠤ᠋ ᠶᠡᠬᠡ ᠬᠠᠭᠠᠯᠭ᠎ᠠ ᠶ᠋ᠢᠨ ᠡᠮᠦᠨ᠎ᠡ ᠮᠥᠷᠭᠥᠨ ᠰᠥᠭᠥᠳᠴᠦ ᠪᠠᠢᠭ᠎ᠠ ᠸᠠᠩ᠂ ᠬᠦᠩ᠂ ᠬᠠᠮᠪᠤ᠂ ᠴᠣᠷᠵᠢ ᠶᠠᠩᠪᠠᠲᠠᠨ ᠯᠠᠮᠠ ᠨᠠᠷ ᠤ᠋ᠨ ᠳᠤᠮᠳᠠ ᠤᠲᠤᠭ᠎ᠠ ᠵᠢᠩᠰᠡ᠂ ᠡᠷᠢᠭᠡ ᠹᠦᠰᠠ ᠦᠭᠡᠢ * ᠪᠠᠢᠳᠠᠯ ᠢ᠋ᠶ᠋ᠠᠷ ᠪᠤᠰᠤᠳ ᠠ᠋ᠴᠠ ᠬᠣᠶᠠᠷ ᠬᠢᠲᠠᠳ᠂ ᠯᠤᠳᠤᠢ ᠪᠠᠶᠠᠨ ᠡᠨᠡ ᠭᠤᠷᠪᠠ ᠡᠳᠡᠭᠡᠣ᠌ᠠ ᠦᠵᠡᠭᠳᠡᠵᠦ ᠪᠠᠢᠪᠠ᠃ 
       ᠲᠡᠷᠡ ᠬᠣᠶᠠᠷ ᠬᠢᠲᠠᠳ ᠪᠣᠯ ᠮᠥᠩᠭᠥ ᠬᠦᠦᠯᠡᠳᠡᠭ᠂ ᠮᠥᠨ ᠪᠣᠭᠳᠠ ᠶ᠋ᠢᠨ ᠰᠠᠩ ᠳ᠋ᠤ᠌ ᠡᠯᠳᠡᠪ ᠬᠡᠷᠡᠭᠰᠡᠯ ᠨᠡᠢᠯᠡᠭᠦᠯᠳᠡᠭ ᠬᠦᠷᠢᠶᠡᠨ ᠦ᠌ ᠬᠣᠶᠠᠷ ᠲᠣᠮᠣ ᠫᠦᠰᠡ ᠶ᠋ᠢᠨ ᠳ᠋ᠠᠩᠵᠢᠶᠠᠳᠠ ᠠᠵᠢ᠃  ᠯᠣᠲᠤᠢ ᠪᠠᠶᠠᠨ ᠪᠣᠯ ᠠᠰᠢᠭ ᠵᠠᠪᠰᠢᠶᠠᠨ ᠢ᠋ ᠪᠣᠳᠣᠵᠤ ᠣᠯᠬᠤ ᠳ᠋ᠠᠭᠠᠨ ᠶᠡᠬᠡ ᠴᠢᠳᠠᠮᠠᠭᠠᠢ ᠬᠥᠮᠦᠨ ᠲᠤᠯᠠ᠂ ᠪᠣᠭᠳᠠ ᠳ᠋ᠤ᠌ ᠶᠢᠰᠦᠨ ᠴᠠᠭᠠᠨ ᠤ᠋ ᠪᠡᠯᠡᠭ ᠡᠷᠭᠦᠬᠦ ᠳ᠋ᠦ᠍ ᠬᠡᠷᠡᠭᠯᠡᠬᠦ ᠴᠠᠭᠠᠨ ᠲᠡᠮᠡᠭᠡ ᠶ᠋ᠢ ᠰᠠᠢᠨ ᠨᠣᠶᠠᠨ ᠬᠠᠨ ᠰᠤᠷᠬᠠᠯᠠᠠ ᠡᠷᠢᠵᠦ ᠪᠠᠢᠭ᠎ᠠ ᠴᠢᠮᠡᠭᠡ ᠶ᠋ᠢ ᠣᠯᠵᠤ ᠰᠣᠨᠣᠰᠤᠭᠠᠳ᠂ ᠠᠢᠮᠠᠭ ᠲᠤ᠌  ᠲᠡᠷᠢᠭᠦᠨ ᠵᠡᠷᠭᠡ ᠲᠣᠮᠣ ᠴᠠᠭᠠᠨ ᠠᠲᠠᠨ ᠲᠡᠮᠡᠭᠡᠨ ᠳ᠋ᠦ᠍ ᠮᠥᠩᠭᠥᠨ ᠪᠤᠢᠯᠠ ᠵᠡᠭᠦᠵᠦ ᠶᠠᠭᠠᠷᠠᠨ ᠡᠷᠭᠦᠭᠰᠡᠨ ᠳ᠋ᠦ᠍᠂ ᠬᠠᠨ ᠪᠠᠶᠠᠷᠯᠠᠵᠤ᠂ ᠯᠤᠳᠤᠢ ᠪᠠᠶᠠᠨ ᠤ᠋ ᠤᠯᠤᠰ ᠲᠥᠷᠥ ᠶ᠋ᠢᠨ ᠤᠴᠢᠷ ᠬᠦᠴᠦᠨ ᠵᠢᠳᠬᠦᠭᠰᠡᠨ ᠢ᠋ ᠰᠠᠢᠰᠢᠶᠠᠨ᠂ ᠠᠢᠮᠠᠭ ᠣᠯᠠᠨ ᠤ᠋ ᠡᠮᠦᠨ᠎ᠡ ᠡᠴᠡ ᠶᠣᠰᠣᠯᠠᠬᠤ ᠪᠠᠷᠠᠭᠠᠯᠠᠬᠤ ᠲᠥᠯᠥᠭᠡᠯᠡᠭᠴᠢ ᠶ᠋ᠢᠨ ᠲᠣᠭᠠᠨ ᠳ᠋ᠤ᠌ ᠣᠷᠣᠭᠤᠯᠵᠠᠢ᠃ 
       ᠪᠣᠭᠳᠠ ᠶ᠋ᠢ᠂ ᠭᠠᠳᠠᠨ᠎ᠠ ᠠ᠋ᠴᠠ ᠰᠢᠷ᠎ᠠ ᠲᠣᠷᠭ᠎ᠠ ᠪᠠᠷ ᠪᠦᠷᠢᠭᠰᠡᠨ᠂ ᠭᠤᠴᠢᠨ ᠬᠠᠨ᠎ᠠ ᠲᠠᠢ ᠲᠥᠷᠥ ᠶ᠋ᠢᠨ ᠳᠠᠯᠠᠢ ᠰᠢᠷ᠎ᠠ ᠦᠷᠭᠦᠭᠡᠨ ᠳ᠋ᠦ᠍ ᠣᠷᠣᠬᠤ ᠳ᠋ᠤᠨᠢ ᠰᠠᠢᠳ ᠶᠡᠬᠡᠰ ᠦ᠋ᠨ ᠬᠠᠮᠲᠤ ᠰᠥᠭᠥᠳᠦᠨ ᠮᠥᠷᠭᠥᠬᠦ ᠵᠠᠭᠤᠷ᠎ᠠ᠂ ᠯᠣᠳᠣᠢ ᠪᠠᠶᠠᠨ ᠠᠶ᠎ᠠ ᠤᠷᠢᠳᠤ ᠶ᠋ᠢᠨ ᠰᠠᠢᠨ ᠪᠤᠶᠠᠨ ᠤ᠋ ᠬᠦᠴᠦ ᠪᠡᠷ ᠥᠨᠥᠳᠥᠷ ᠪᠣᠭᠳᠠ ᠭᠡᠭᠡᠬᠡᠨ ᠦ᠌ ᠳᠦᠷᠢ ᠶ᠋ᠢ ᠦᠵᠡᠪᠡ ᠭᠡᠵᠦ ᠠᠮᠠᠨ ᠳ᠋ᠠᠭᠠᠨ ᠰᠢᠪᠡᠨᠡᠨ ᠮᠥᠷᠭᠥᠪᠡ᠃ 
       ᠲᠡᠭᠡᠵᠦ ᠪᠠᠢᠲᠠᠯ᠎ᠠ᠂ ᠮᠣᠩᠭᠣᠯ ᠤᠯᠤᠰ ᠤ᠋ᠨ ᠬᠠᠭᠠᠨ ᠰᠢᠷᠡᠭᠡᠨ ᠳ᠋ᠦ᠍ ᠵᠢᠪᠽᠥ᠋ᠨᠳᠠᠮᠪᠠ ᠬᠤᠲᠤᠭᠲᠤ ᠶ᠋ᠢ ᠵᠠᠯᠠᠬᠤ ᠰᠠᠢᠨ ᠴᠠᠭ ᠢ᠋ ᠬᠦᠷᠢᠶᠡᠨ ᠦ᠌ ᠨᠡᠷ᠎ᠡ ᠲᠡᠢ ᠵᠢᠷᠤᠬᠠᠢᠴᠢ ᠨᠠᠷ ᠤ᠋ᠨ ᠰᠣᠩᠭᠣᠨ ᠣᠯᠤᠭᠰᠠᠨ ᠨᠢ ᠶᠠᠭ ᠪᠣᠯᠤᠭᠰᠠᠨ ᠢ᠋ ᠮᠡᠳᠡᠭᠳᠡᠨ᠂ ᠦᠬᠡᠷ ᠫᠤᠤ ᠲᠠᠯᠪᠢᠪᠠ᠃ 
       ᠲᠥᠷᠥ ᠶ᠋ᠢᠨ ᠳᠠᠯᠠᠢ ᠰᠢᠷ᠎ᠠ ᠦᠷᠭᠦᠭᠡᠨ ᠦ᠌ ᠡᠭᠦᠳᠡᠨ ᠦ᠌ ᠬᠣᠶᠠᠷ ᠲᠠᠯ᠎ᠠ ᠳ᠋ᠤ᠌ ᠵᠣᠭᠰᠣᠵᠤ ᠪᠠᠢᠭᠰᠠᠨ ᠬᠠᠭᠠᠯᠭᠠᠴᠢ ᠨᠠᠷ᠂ ᠬᠠᠮᠤᠭ ᠤ᠋ᠨ ᠰᠡᠭᠦᠯ ᠳ᠋ᠦ᠍ ᠬᠣᠶᠠᠷ  ᠬᠢᠲᠠᠳ ᠳ᠋ᠠᠩᠵᠠᠶᠠᠲᠠ ᠯᠣᠳᠣᠢ ᠭᠤᠷᠪᠠ ᠶ᠋ᠢ ᠣᠷᠣᠭᠤᠯᠪᠠ᠃ ᠬᠥᠳᠡᠭᠡ ᠶ᠋ᠢᠨ ᠲᠡᠷᠡ ᠪᠠᠶᠠᠨ᠂ ᠥᠨᠥᠬᠢ ᠬᠣᠶᠠᠷ ᠬᠢᠲᠠᠳ ᠤ᠋ᠨ ᠬᠠᠮᠲᠤ ᠪᠠᠷ ᠳᠣᠲᠣᠭᠰᠢ ᠣᠷᠣᠭᠠᠳ᠂ ᠬᠠᠭᠠᠯᠭᠠᠴᠢ ᠶ᠋ᠢᠨ ᠵᠢᠭᠠᠭᠰᠠᠨ ᠭᠠᠵᠠᠷ ᠵᠣᠭᠰᠣᠵᠤ᠂ ᠳᠠᠯᠠᠢ ᠰᠢᠷ᠎ᠠ ᠦᠷᠭᠦᠭᠡᠨ ᠦ᠌ ᠳᠣᠲᠣᠷᠠᠬᠢ ᠮᠠᠰᠢ ᠭᠣᠶᠣᠮᠰᠣᠭ ᠪᠠᠢᠳᠠᠯ ᠢ᠋ ᠶᠡᠬᠡᠯ᠎ᠡ ᠭᠠᠢᠬᠠᠪᠠ᠃  
       ᠬᠠᠭᠠᠳ ᠨᠣᠶᠠᠳ᠂ ᠶᠡᠬᠡ ᠯᠠᠮᠠ ᠨᠠᠷ᠂ ᠬᠤᠲᠤᠭᠲᠤ ᠴᠠᠭᠠᠨ ᠳ᠋ᠠᠷ᠎ᠠ ᠬᠣᠶᠠᠷ ᠤ᠋ᠨ ᠰᠠᠭᠤᠳᠠᠯ ᠵᠠᠰᠠᠭᠰᠠᠨ᠂ ᠭᠠᠢᠬᠠᠮᠰᠢᠭᠲᠤ ᠰᠠᠢᠬᠠᠨ ᠢ᠋ᠶ᠋ᠠᠷ ᠮᠣᠩᠭᠣᠯ ᠤᠷᠠᠴᠤᠳ ᠤ᠋ᠨ ᠰᠡᠢᠯᠦᠭᠰᠡᠨ ᠮᠣᠳᠣᠨ ᠰᠠᠨᠳᠢ ᠶ᠋ᠢᠨ ᠬᠣᠶᠠᠷ ᠡᠲᠡᠭᠡᠳ ᠵᠢᠭᠰᠠᠵᠤ᠂ ᠶᠣᠰᠣᠯᠠᠯ ᠢ᠋ ᠤᠳᠤᠷᠢᠳᠬᠤ ᠳᠣᠨᠢᠷ ᠯᠠᠮᠠ ᠶ᠋ᠢᠨ ᠥᠨᠳᠥᠷ ᠳᠠᠭᠤᠨ ᠢ᠋ᠶ᠋ᠠᠷ ᠶᠣᠰᠣᠯᠠᠯ ᠢ᠋ ᠵᠢᠭᠠᠨ ᠳᠠᠭᠤᠳᠠᠮᠠᠭᠴᠠ᠂ ᠮᠣᠩᠭᠣᠯ ᠤ᠋ᠨ ᠶᠡᠬᠡ ᠬᠠᠭᠠᠳ ᠤ᠋ᠨ ᠡᠷᠲᠡᠨ ᠦ᠌ ᠶᠣᠰᠣᠯᠠᠯ ᠢ᠋ ᠳᠠᠭᠠᠵᠤ ᠰᠥᠭᠥᠳᠦᠨ ᠮᠥᠷᠭᠥᠭᠡᠳ᠂ ᠰᠠᠢᠨ ᠨᠣᠶᠠᠨ ᠬᠠᠨ ᠨᠠᠮᠨᠠᠨᠰᠦ᠋ᠷᠦᠩ᠂ ᠬᠠᠭᠠᠨ ᠬᠠᠲᠤᠨ ᠬᠣᠶᠠᠷ ᠲᠤ᠌ ᠡᠷᠲᠡᠨ ᠦ᠌ ᠵᠠᠩᠰᠢᠯ ᠢ᠋ᠶ᠋ᠠᠷ ᠳᠡᠪᠰᠢᠭᠦᠯᠬᠦ ᠶ᠋ᠢᠨ ᠢᠷᠦᠭᠡᠯ ᠢ᠋ ᠭᠢᠩᠰᠢᠨ ᠤᠩᠰᠢᠭᠰᠠᠨ ᠨᠢ᠄ 
         《ᠤᠸᠮ ᠰᠠᠢᠨ ᠠᠮᠤᠭᠤᠯᠠᠩ ᠪᠣᠯᠲᠤᠭᠠᠢ!  
         《ᠮᠣᠩᠭᠣᠯ ᠤ᠋ᠨ ᠬᠠᠨ ᠸᠠᠩ᠂ ᠪᠡᠢᠯᠡ ᠪᠠᠢᠰᠠ᠂ ᠬᠦᠩ ᠵᠠᠰᠠᠭ᠂ ᠬᠠᠮᠪᠤ  
         《ᠴᠣᠷᠵᠢ᠂ ᠬᠤᠲᠤᠭᠲᠤ ᠬᠤᠪᠢᠯᠭᠠᠨ ᠯᠠᠮᠠ ᠨᠠᠷ ᠠ᠋ᠴᠠ ᠳᠠᠷᠠᠭᠠᠯᠠᠨ ᠠᠷᠠᠳ ᠲᠤ᠌  
         《ᠬᠦᠷᠲᠡᠯ᠎ᠡ ᠰᠢᠷ᠎ᠠ ᠬᠠᠷ᠎ᠠ ᠣᠯᠠᠨ ᠨᠡᠢᠲᠡ ᠪᠡᠷ ᠭᠤᠷᠪᠠᠨ᠂ 
         《ᠡᠭᠦᠳᠡᠨ ᠦ᠌ ᠴᠢᠩ ᠪᠢᠰᠢᠷᠡᠯ ᠢ᠋ᠶ᠋ᠡᠷ ᠬᠢᠴᠢᠶᠡᠩᠭᠦᠢᠯᠡᠨ ᠮᠥᠷᠭᠥᠵᠦ ᠥᠴᠢᠨ᠂ 
         《ᠠᠢᠯᠠᠳᠬᠠᠬᠤ ᠠᠨᠤ ᠪᠢᠳᠡᠨ ᠦ᠌ ᠣᠯᠠᠨ ᠮᠣᠩᠭᠣᠯ ᠱᠠᠪᠢ ᠪᠣᠭᠣᠯᠴᠤᠳ᠂ 
         《ᠴᠥᠮ ᠡᠷᠲᠡᠨ ᠦ᠌ ᠢᠷᠦᠭᠡᠯ ᠪᠠᠷᠢᠯᠳᠤᠯᠭ᠎ᠠ ᠶ᠋ᠢᠨ ᠬᠦᠴᠦᠨ ᠢ᠋ᠶ᠋ᠡᠷ ᠡᠳᠦᠭᠡ 
         《ᠴᠠᠭ ᠤ᠋ᠨ ᠪᠡᠷᠬᠡ ᠳ᠋ᠦ᠍ 
         《ᠲᠡᠩᠴᠡᠯ ᠦᠭᠡᠢ ᠭᠠᠢᠬᠠᠮᠰᠢᠭᠲᠤ᠂ 
         《ᠸᠴᠢᠷ ᠳ᠋ᠠᠷ᠎ᠠ᠂ ᠪᠣᠭᠳᠠ ᠪᠠᠭᠰᠢ ᠯᠠᠮᠠ ᠬᠢᠭᠡᠳ 
         《ᠡᠬᠡ ᠳᠠᠭᠢᠨᠢ ᠶᠤᠭᠠᠨ ᠣᠢᠷ᠎ᠠ ᠳᠠᠭᠠᠯᠳᠤᠨ ᠲᠥᠷᠥᠵᠦ᠂ ᠵᠦᠢᠯ 
         《ᠵᠦᠢᠯ ᠦ᠋ᠨ ᠵᠢᠯᠣᠭᠣᠳᠤᠨ ᠰᠤᠷᠭᠠᠬᠤ ᠰᠣᠶᠣᠯ ᠢ᠋ ᠬᠦᠯᠢᠶᠡᠨ ᠬᠦᠷᠲᠡᠵᠦ᠂ 
         《ᠰᠦᠰᠦᠭᠯᠡᠨ ᠰᠢᠲᠦᠭᠰᠡᠭᠡᠷ᠂ ᠬᠠᠷᠰᠢ 
         《ᠳᠠᠢᠰᠤᠨ ᠤ᠋ ᠡᠲᠡᠭᠡᠳ ᠡᠴᠡ ᠠᠩᠭᠢᠵᠢᠷᠠᠭᠰᠠᠨ ᠡᠭᠦᠨ ᠳ᠋ᠦ᠍᠂ ᠪᠦᠭᠦᠳᠡᠭᠡᠷ ᠲᠡᠰᠬᠡᠯ ᠦᠭᠡᠢ 
         《ᠪᠠᠶᠠᠷᠯᠠᠨ᠂ ᠨᠢᠭᠡᠨ ᠰᠡᠳᠬᠢᠯ ᠢ᠋ᠶ᠋ᠡᠷ ᠵᠥᠪᠯᠡᠭᠡᠳ᠂ ᠥᠯᠵᠡᠢ ᠤᠴᠠᠷᠠᠯ 
         《ᠪᠦᠷᠢᠳᠦᠭᠰᠡᠨ ᠡᠨᠡᠬᠦ ᠰᠠᠢᠨ ᠡᠳᠦᠷ ᠢ᠋ ᠰᠣᠩᠭᠣᠨ 
         《ᠲᠣᠬᠢᠶᠠᠯᠳᠤᠭᠤᠯᠵᠤ᠂ ᠮᠠᠨ ᠤ᠋ ᠮᠣᠩᠭᠣᠯ 
         《ᠤᠯᠤᠰ ᠤ᠋ᠨ ᠡᠷᠲᠡᠨ ᠦ᠌ 
         《ᠶᠡᠬᠡ ᠴᠢᠩᠭᠢᠰ ᠬᠠᠭᠠᠨ ᠤ᠋ ᠦᠷ᠎ᠡ ᠲᠦᠰᠢᠶᠡᠲᠦ ᠬᠠᠨ ᠤ᠋ ᠬᠥᠪᠡᠭᠦᠨ ᠡᠴᠡ 
         《ᠦᠶ᠎ᠡ ᠳᠠᠷᠠᠭᠠᠯᠠᠨ ᠰᠢᠨᠵᠢ ᠲᠡᠮᠳᠡᠭ ᠣᠨᠴᠠ ᠲᠣᠳᠣᠷᠬᠠᠢ ᠪᠠᠷ 
         《ᠬᠤᠪᠢᠯᠵᠤ᠂ ᠭᠤᠷᠪᠠᠨ ᠴᠠᠭ ᠢ᠋ ᠢᠯᠡᠷᠬᠡᠢ ᠪᠡᠷ ᠵᠢᠭᠠᠭᠰᠠᠭᠠᠷ ᠥᠴᠢᠨᠡᠨ 
         《ᠵᠠᠭᠤᠨ ᠵᠢᠯ ᠳ᠋ᠦ᠍᠂ 
         《ᠣᠯᠠᠨ᠎ᠠ ᠡᠷᠭᠦᠭᠳᠡᠭᠰᠡᠨ 
         《ᠱᠠᠰᠢᠨ ᠢ᠋ ᠮᠠᠨᠳᠤᠭᠤᠯᠬᠤ᠂ ᠠᠮᠢᠲᠠᠨ ᠢ᠋ ᠵᠢᠷᠭᠠᠭᠤᠯᠤᠭᠴᠢ 
         《ᠠᠪᠤᠷᠠᠯ ᠢᠲᠡᠭᠡᠯ᠂ ᠬᠠᠮᠤᠭ ᠢ᠋ ᠠᠢᠯᠠᠳᠤᠭᠴᠢ᠂ ᠣᠷᠣᠢ ᠶ᠋ᠢᠨ ᠴᠢᠨᠳᠠᠮᠠᠨᠢ 
         《ᠡᠷᠳᠡᠨᠢ᠂ ᠠᠷᠭ᠎ᠠ ᠪᠢᠯᠢᠭ ᠢ᠋ ᠬᠣᠣᠰᠯᠠᠨ ᠲᠠᠭᠠᠯᠠᠵᠤ ᠵᠣᠬᠢᠶᠠᠭᠰᠠᠨ᠂ 
         《ᠸᠴᠢᠷ ᠳᠠᠷ᠎ᠠ ᠭᠡᠲᠦᠯᠭᠡᠭᠴᠢ ᠪᠣᠭᠳᠠ ᠭᠡᠭᠡᠬᠡᠨ (ᠭᠡᠭᠡᠨ)ᠲᠠᠨ᠎ᠠ᠂ 
         《ᠮᠣᠩᠭᠣᠯ ᠤᠯᠤᠰ ᠤ᠋ᠨ 
         《ᠡᠵᠡᠨ᠂ ᠱᠠᠰᠢᠨ ᠲᠥᠷᠥ  ᠶ᠋ᠢ ᠬᠣᠣᠰᠯᠠᠨ ᠪᠠᠷᠢᠭᠴᠢ᠂ 
         《ᠨᠠᠷᠠᠨ ᠭᠡᠷᠡᠯᠲᠦ᠂ ᠲᠦᠮᠡᠨ ᠨᠠᠰᠤᠲᠤ ᠪᠣᠭᠳᠠ ᠬᠠᠭᠠᠨ ᠳ᠋ᠤ᠌ 
         《ᠡᠷᠭᠦᠮᠵᠢᠯᠡᠨ᠂ ᠪᠠᠰᠠ᠂ 
         《ᠡᠷᠳᠡᠨᠢ ᠰᠡᠴᠡᠨ᠂ ᠱᠠᠰᠢᠨ ᠢ᠋ ᠥᠷᠨᠢᠭᠦᠯᠦᠭᠴᠢ᠂ ᠴᠢᠩ ᠦᠨᠡᠨ 
         《ᠰᠦᠰᠦᠭᠲᠦ ᠲᠤᠰ ᠠᠴᠢᠯᠠᠯᠲᠤ᠂ ᠲᠤᠩᠭᠠᠯᠠᠭ ᠴᠢᠨᠳᠠᠮᠠᠨᠢ᠂ ᠳᠠᠯᠠᠢ 
         《ᠳᠠᠢᠴᠢᠨ ᠢᠯᠠᠭᠤᠭᠰᠠᠨ ᠳᠠᠭᠢᠨᠢ ᠡᠷᠬᠡ ᠴᠠᠭᠠᠨ ᠳ᠋ᠠᠷ᠎ᠠ ᠨᠣᠶᠠᠨ᠂ 
         《ᠠᠢᠯᠠᠳᠬᠠᠯ ᠡᠨᠡᠷᠢᠯ ᠦ᠋ᠨ ᠡᠵᠡᠨ ᠭᠤᠷᠪᠠᠨ ᠣᠷᠣᠨ ᠤ᠋ ᠳᠠᠭᠢᠨᠢᠰ ᠤ᠋ᠨ 
         《ᠡᠷᠬᠢᠮ ᠲᠠᠨ ᠢ᠋ 
         《ᠤᠯᠤᠰ ᠤ᠋ᠨ ᠡᠬᠡ ᠳᠠᠭᠢᠨᠢ ᠳ᠋ᠤ᠌ ᠡᠷᠭᠦᠮᠵᠢᠯᠡᠵᠦ᠂ ᠥᠪᠡᠷ ᠥᠪᠡᠷ ᠦ᠋ᠨ᠂ 
         《ᠡᠷᠳᠡᠨᠢ ᠶ᠋ᠢᠨ ᠰᠠᠭᠤᠷᠢᠨ ᠳ᠋ᠤ᠌ ᠵᠠᠯᠠᠭᠠᠳ᠂ ᠥᠯᠵᠡᠢᠲᠦ ᠰᠤᠷᠤᠭ ᠤ᠋ᠨ 
         《ᠲᠡᠮᠳᠡᠭᠲᠦ ᠬᠠᠰ ᠡᠷᠳᠡᠨᠢ ᠶ᠋ᠢᠨ ᠲᠠᠮᠠᠭ᠎ᠠ ᠪᠠ ᠪᠠᠰᠠ ᠪᠤᠰᠤ 
         《ᠡᠷᠳᠡᠨᠢᠰ ᠢ᠋ᠶ᠋ᠡᠷ ᠪᠢᠴᠢᠭᠰᠡᠨ ᠡᠷᠭᠦᠮᠵᠢᠯᠡᠯ ᠦ᠋ᠳ ᠰᠡᠯᠲᠡ ᠶ᠋ᠢ ᠣᠷᠣᠢ ᠶ᠋ᠢᠨ 
         《ᠳᠡᠭᠡᠷ᠎ᠡ ᠡᠷᠭᠦᠵᠦ᠂ 
         《ᠠᠯᠲᠠᠨ ᠮᠣᠳᠣᠷ ᠤ᠋ᠳ ᠲᠤ᠌ ᠶᠣᠰᠣᠯᠠᠨ ᠳᠡᠪᠰᠢᠭᠦᠯᠵᠦ ᠮᠥᠷᠭᠥᠭᠡᠳ᠂ 
         《ᠬᠢᠴᠢᠶᠡᠩᠭᠦᠢᠯᠡᠨ ᠬᠤᠲᠤᠭ ᠭᠤᠶᠤᠬᠤ ᠠᠨᠤ》 ᠭᠡᠵᠦ ᠢᠷᠦᠭᠡᠯ ᠢ᠋ ᠤᠩᠰᠢᠬᠤ ᠦᠶᠡᠰ᠂ ᠯᠣᠳᠣᠢ ᠪᠠᠶᠠᠨ᠂ ᠣᠯᠠᠨ ᠨᠣᠶᠠᠳ᠂ ᠠᠯᠲᠠᠨ ᠮᠠᠩᠨᠤᠭ ᠬᠤᠪᠴᠠᠰᠤ ᠲᠠᠢ ᠳᠡᠭᠡᠳᠦ ᠯᠠᠮᠠ ᠨᠠᠷ ᠤ᠋ᠨ ᠶᠡᠬᠡᠷᠬᠡᠭ ᠬᠦᠷᠡᠩ ᠤᠯᠠᠭᠠᠨ ᠴᠢᠷᠠᠢ ᠶ᠋ᠢ ᠠᠶᠤᠨ ᠡᠮᠢᠶᠡᠨ ᠶᠡᠬᠡᠯ᠎ᠡ(ᠶᠡᠬᠡ ᠯᠡ) ᠪᠢᠰᠢᠷᠡᠵᠦ ᠬᠠᠷᠠᠬᠤ ᠳ᠋ᠠᠭᠠᠨ᠂ ᠲᠩᠷᠢ ᠢᠵᠠᠭᠤᠷᠲᠤ ᠶᠡᠬᠡᠰ ᠨᠣᠶᠠᠳ ᠬᠠᠭᠠᠳ᠂ ᠳᠡᠭᠡᠳᠦ ᠪᠠᠭᠰᠢ ᠯᠠᠮᠠ ᠨᠠᠷ ᠤ᠋ᠨ ᠳᠡᠷᠭᠡᠳᠡ ᠡᠢᠮᠦ ᠣᠢᠷᠠᠬᠠᠨ ᠪᠠᠷᠠᠭ᠎ᠠ (ᠪᠠᠷ᠎ᠠ)ᠪᠣᠯᠵᠤ ᠪᠠᠢᠬᠤ ᠵᠠᠪᠰᠢᠶᠠᠨ ᠡᠳᠦᠷ ᠪᠦᠷᠢ ᠲᠣᠬᠢᠶᠠᠯᠳᠤᠬᠤ ᠬᠡᠷᠡᠭ ᠪᠢᠰᠢ᠃ ᠵᠢᠰᠦ ᠴᠢᠷᠠᠢ ᠶ᠋ᠢ ᠰᠠᠢᠬᠠᠨ ᠲᠣᠭᠲᠠᠭᠠᠵᠤ ᠠᠪᠤᠶ᠎ᠠ ᠭᠡᠵᠦ ᠬᠢᠴᠢᠶᠡᠨ ᠠᠵᠢᠭᠯᠠᠵᠤ᠂ ᠤᠷᠢᠳᠤ ᠶ᠋ᠢᠨ ᠶᠠᠮᠠᠷ ᠰᠠᠢᠨ ᠪᠤᠶᠠᠨ ᠤ᠋ ᠬᠦᠴᠦ ᠪᠡᠷ ᠢᠩᠭᠢᠵᠦ ᠪᠣᠭᠳᠠ ᠭᠡᠭᠡᠬᠡᠨ (ᠭᠡᠭᠡᠨ) ᠢ᠋ ᠬᠠᠭᠠᠨ ᠰᠢᠷᠡᠭᠡᠨ ᠳ᠋ᠦ᠍ ᠵᠠᠯᠠᠷᠠᠬᠤ ᠶᠡᠬᠡ ᠶᠣᠰᠣᠯᠠᠯ ᠢ᠋ ᠦᠵᠡᠬᠦ ᠬᠤᠪᠢ ᠲᠡᠭᠦᠰ ᠪᠣᠯᠪᠠ᠃ ᠡᠢᠮᠦ ᠵᠣᠯ ᠵᠠᠪᠰᠢᠶᠠᠨ ᠡᠭᠡᠯ ᠬᠥᠮᠦᠨ ᠦ᠌ ᠵᠡᠭᠦᠳᠦᠨ ᠳ᠋ᠦ᠍ ᠴᠦ᠍ ᠲᠣᠬᠢᠶᠠᠯᠳᠤᠬᠤ ᠦᠭᠡᠢ ᠬᠡᠷᠡᠭ ᠭᠡᠵᠦ ᠤᠶᠠᠷᠠᠨ ᠪᠣᠳᠣᠭᠠᠳ᠂ ᠪᠠᠶᠠᠨ ᠯᠣᠳᠣᠢ ᠡᠷᠭᠢᠨ ᠲᠣᠭᠣᠷᠢᠨ ᠢ᠋ ᠠᠯᠠᠭ᠎ᠠ ᠬᠠᠪᠰᠤᠷᠤᠨ ᠬᠠᠷᠠᠵᠤ᠂ ᠲᠥᠷᠥ ᠶ᠋ᠢᠨ ᠳᠠᠯᠠᠢ ᠶᠡᠬᠡ ᠦᠷᠭᠦᠭᠡᠨ ᠦ᠌ ᠭᠣᠯᠣᠮᠲᠠ ᠳ᠋ᠤ᠌ ᠲᠣᠮᠣ ᠭᠡᠭᠴᠢ ᠶ᠋ᠢᠨ ᠲᠥᠭᠥᠷᠢᠭ ᠲᠤᠯᠭᠠᠨ ᠳ᠋ᠤ᠌ ᠭᠠᠯ ᠠᠰᠠᠭᠠᠵᠤ᠂ ᠬᠠᠭᠠᠨ ᠤ᠋ ᠶᠡᠬᠡ ᠦᠷᠭᠦᠭᠡᠨ ᠦ᠌ ᠵᠠᠰᠠᠯ ᠴᠢᠮᠡᠭ᠂ ᠤᠷᠢᠳᠤ ᠡᠮᠦᠨ᠎ᠡ ᠦᠵᠡᠭᠳᠡᠭᠡᠳᠦᠢ ᠮᠠᠰᠢ ᠭᠤᠸ᠎ᠠ ᠰᠠᠢᠬᠠᠨ ᠢ᠋ ᠭᠠᠢᠬᠠᠨ ᠬᠠᠷᠠᠵᠤ᠂ ᠨᠢᠳᠦᠨ ᠳ᠋ᠡᠭᠡᠨ ᠲᠣᠮᠣ ᠭᠡᠭᠴᠢ ᠶ᠋ᠢᠨ ᠬᠠᠷ᠎ᠠ ᠰᠢᠯ ᠵᠡᠭᠦᠭᠰᠡᠨ ᠪᠣᠭᠳᠠ ᠶ᠋ᠢᠨ ᠣᠭᠲᠣ ᠦᠯᠦ ᠬᠥᠳᠡᠯᠬᠦ᠂ ᠣᠶᠤᠨ ᠮᠣᠬᠣᠳᠠᠭ ᠤ᠋ᠨ ᠰᠢᠨᠵᠢ ᠪᠦᠷᠢᠨ ᠲᠣᠳᠣᠷᠬᠠᠢ᠂ ᠤᠯᠴᠠᠭᠠᠷ ᠪᠣᠬᠢᠶ᠎ᠠ ᠴᠢᠷᠠᠢ᠂ ᠬᠢᠮᠳᠠ ᠦᠨ᠎ᠡ ᠲᠡᠢ᠂ ᠪᠦᠳᠦᠭᠦᠯᠢᠭ ᠬᠢᠴᠡᠲᠡᠢ᠂ ᠪᠠᠷᠢᠮᠠᠯ ᠵᠢᠷᠤᠮᠠᠯ ᠪᠤᠷᠬᠠᠨ ᠤ᠋ ᠡᠪ ᠬᠠᠪᠤ ᠦᠭᠡᠢ ᠨᠢᠭᠤᠷ ᠲᠠᠢ ᠲᠦᠰᠦᠭᠯᠡᠮᠡᠷ ᠨᠢᠭᠤᠷ ᠢ᠋ ᠨᠢ ᠤᠴᠢᠷ ᠦᠭᠡᠢ ᠰᠠᠢᠬᠠᠨ ᠴᠣᠭ ᠵᠢᠪᠬᠤᠯᠠᠩ ᠪᠦᠷᠢᠳᠦᠭᠰᠡᠨ ᠲᠩᠷᠢ ᠶ᠋ᠢᠨ ᠦᠵᠡᠰᠬᠦᠯᠡᠩᠲᠦ ᠨᠢᠭᠤᠷ ᠭᠡᠵᠦ ᠪᠢᠰᠢᠷᠡᠨ ᠤᠶᠠᠷᠠᠵᠤ ᠵᠠᠯᠪᠠᠷᠢᠨ ᠬᠠᠷᠠᠵᠤ᠂ ᠳ᠋ᠦᠰᠢᠳ ᠦ᠋ᠨ ᠣᠷᠣᠨ ᠳ᠋ᠤ᠌* ᠭᠠᠷᠤᠭᠠᠳ ᠪᠠᠢᠭᠰᠠᠨ ᠰᠢᠭ᠋ ᠰᠠᠨᠠᠭᠳᠠᠪᠠ᠃ 
       ᠰᠠᠩ ᠤᠳᠤᠯᠭ᠎ᠠ ᠶ᠋ᠢᠨ ᠤᠲᠤᠭᠠᠨ ᠳ᠋ᠤ᠌᠂ ᠠᠯᠲᠠᠨ ᠪᠣᠳᠣᠭ ᠭᠢᠯᠠᠯᠵᠠᠭᠰᠠᠨ ᠰᠠᠨᠳᠢ(ᠰᠠᠨᠳᠠᠯᠢ) ᠰᠢᠷᠡᠭᠡᠨ ᠳᠡᠭᠡᠷ᠎ᠡ ᠬᠥᠷᠥᠭ ᠪᠤᠷᠬᠠᠨ ᠮᠡᠲᠦ ᠬᠥᠳᠡᠯᠦᠯ ᠦᠭᠡᠢ ᠰᠠᠭᠤᠵᠤ ᠪᠠᠢᠭᠰᠠᠨ ᠪᠣᠭᠳᠠ ᠬᠠᠭᠠᠨ ᠬᠠᠲᠤᠨ ᠬᠣᠶᠠᠷ ᠢ᠋ ᠤᠶᠠᠷᠠᠨ ᠤᠶᠠᠷᠠᠨ ᠬᠠᠷᠠᠵᠤ᠂ ᠲᠥᠷᠥ ᠶ᠋ᠢᠨ ᠳᠠᠯᠠᠢ ᠶᠡᠬᠡ ᠦᠷᠭᠦᠭᠡᠨ ᠳ᠋ᠦ᠍ ᠬᠤᠷᠠᠨ ᠴᠢᠭᠤᠯᠤᠭᠰᠠᠨ ᠣᠯᠠᠨ ᠤ᠋ ᠬᠠᠮᠲᠤ ᠪᠠᠷ ᠰᠥᠭᠥᠳᠬᠦ ᠳ᠋ᠦ᠍ᠨᠢ ᠰᠥᠭᠥᠳᠴᠦ᠂ ᠮᠥᠷᠭᠥᠬᠦ ᠳ᠋ᠦ᠍ᠨᠢ ᠮᠥᠷᠭᠥᠵᠦ ᠪᠠᠢᠬᠤ ᠳ᠋ᠠᠭᠠᠨ᠂ ᠲᠡᠷᠡ ᠭᠣᠶᠣ ᠦᠭᠡ ᠲᠡᠢ ᠢᠷᠦᠭᠡᠯ ᠦ᠋ᠨ ᠦᠭᠡ ᠶ᠋ᠢ ᠣᠭᠲᠣ ᠰᠣᠨᠣᠰᠤᠨ ᠠᠩᠬᠠᠷᠬᠤ ᠪᠠᠨ ᠪᠠᠢᠵᠠᠢ᠃ 
       ᠶᠣᠰᠣᠯᠠᠯ ᠢ᠋ ᠤᠳᠤᠷᠢᠳᠤᠭᠴᠢ ᠳᠣᠨᠢᠷ ᠯᠠᠮᠠ᠂ ᠥᠨᠳᠥᠷ ᠳᠠᠭᠤᠨ ᠢ᠋ᠶ᠋ᠠᠷ ᠳᠠᠭᠤᠳᠠᠨ ᠥᠭᠦᠯᠡᠷᠦᠨ᠂ 
       — ᠣᠯᠠᠨ᠎ᠠ ᠡᠷᠭᠦᠭᠳᠡᠭᠰᠡᠨ᠂ ᠱᠠᠰᠢᠨ ᠢ᠋ ᠮᠠᠨᠳᠤᠭᠤᠯᠬᠤ᠂ ᠠᠮᠢᠲᠠᠨ ᠢ᠋ ᠵᠢᠷᠭᠠᠭᠤᠯᠤᠭᠴᠢ ᠠᠪᠤᠷᠠᠯ ᠢᠲᠡᠭᠡᠯ᠂ ᠬᠠᠮᠤᠭ ᠢ᠋ ᠠᠢᠯᠠᠳᠤᠭᠴᠢ ᠣᠷᠣᠢ ᠶ᠋ᠢᠨ ᠴᠢᠨᠳᠠᠮᠠᠨᠢ(ᠴᠢᠨᠳᠠᠮᠤᠨᠢ )ᠡᠷᠳᠡᠨᠢ᠂ ᠠᠷᠭ᠎ᠠ ᠪᠢᠯᠢᠭ ᠢ᠋ ᠬᠣᠣᠰᠯᠠᠨ ᠲᠠᠭᠠᠯᠠᠵᠤ ᠵᠣᠬᠢᠶᠠᠭᠰᠠᠨ ᠸᠴᠢᠷ ᠳᠠᠷ᠎ᠠ᠂ ᠱᠠᠰᠢᠨ ᠲᠥᠷᠥ ᠶ᠋ᠢ ᠬᠣᠣᠰᠯᠠᠨ ᠪᠠᠷᠢᠭᠴᠢ᠂ ᠨᠠᠷᠠᠨ ᠭᠡᠷᠡᠯᠲᠦ ᠲᠦᠮᠡᠨ ᠨᠠᠰᠤᠲᠤ ᠪᠣᠭᠳᠠ ᠬᠠᠭᠠᠨ ᠤ᠋ ᠥᠷᠥᠰᠢᠶᠡᠯᠲᠦ ᠵᠠᠷᠯᠢᠭ ᠢ᠋ ᠰᠥᠭᠥᠳᠦᠨ ᠰᠣᠨᠣᠰᠤᠭᠲᠤᠨ! ᠭᠡᠬᠦ ᠳ᠋ᠦ᠍ ᠳᠡ ᠯᠠᠮᠠ ᠴᠠᠷᠠᠨᠴᠢᠮᠡᠳ᠂ ᠬᠠᠭᠠᠨ ᠤ᠋ ᠵᠠᠷᠯᠢᠭ ᠢ᠋ ᠰᠥᠭᠥᠳᠦᠨ ᠬᠦᠯᠢᠶᠡᠨ ᠠᠪᠴᠤ᠂ ᠠᠳᠢᠰ ᠠᠪᠤᠭᠠᠳ᠂ ᠲᠥᠷᠥ ᠶ᠋ᠢᠨ ᠣᠯᠠᠨ ᠰᠠᠢᠳ ᠢ᠋ ᠲᠣᠬᠣᠭᠠᠨ ᠲᠠᠯᠪᠢᠵᠤ᠂ ᠨᠣᠶᠠᠳ ᠲᠦᠰᠢᠮᠡᠳ ᠲᠦ᠍ ᠬᠡᠰᠢᠭ ᠬᠦᠷᠲᠡᠭᠡᠭᠰᠡᠨ ᠰᠢᠨ᠎ᠡ ᠬᠠᠭᠠᠨ ᠤ᠋ ᠠᠩᠬᠠᠳᠤᠭᠠᠷ ᠵᠠᠷᠯᠢᠭ ᠢ᠋ ᠤᠩᠰᠢᠭᠰᠠᠨ ᠤ᠋ ᠳᠣᠲᠣᠷ᠎ᠠ᠂ ᠪᠣᠭᠳᠠ ᠶ᠋ᠢ ᠬᠠᠭᠠᠨ ᠰᠢᠷᠡᠭᠡᠨ᠎ᠡ ᠡᠷᠭᠦᠮᠵᠢᠯᠡᠬᠦ ᠲᠡᠷᠡ ᠶᠣᠰᠣᠯᠠᠯ ᠳ᠋ᠤ᠌ ᠲᠥᠷᠥ ᠶ᠋ᠢᠨ ᠦᠷᠭᠦᠭᠡᠨ᠎ᠡ ᠪᠤᠰᠤᠳ ᠤ᠋ᠨ ᠬᠠᠮᠲᠤ ᠪᠠᠢᠭᠰᠠᠨ ᠪᠥᠭᠡᠳ ᠬᠤᠲᠤᠭᠲᠤ ᠶ᠋ᠢᠨ ᠰᠠᠩ ᠳ᠋ᠤ᠌ ᠬᠦᠰᠡᠬᠦ ᠵᠦᠢᠯ ᠢ᠋ ᠨᠡᠢᠯᠡᠭᠦᠯᠵᠦ ᠳᠣᠲᠣᠨᠣ ᠪᠣᠯᠤᠭᠰᠠᠨ᠂ ᠮᠥᠩᠭᠥ ᠬᠦᠦᠯᠡᠬᠦ ᠬᠢᠲᠠᠳ ᠫᠦᠰᠡ ᠶ᠋ᠢᠨ ᠨᠡᠷᠡᠲᠦ ᠳ᠋ᠠᠩᠵᠢᠶᠠᠳᠠ᠂ ᠬᠠᠭᠠᠨ ᠤ᠋ ᠰᠡᠳᠬᠢᠯ ᠳ᠋ᠦ᠍ ᠨᠡᠢᠯᠡᠭᠦᠯᠵᠦ ᠴᠢᠳᠠᠭᠰᠠᠨ ᠪᠤᠶᠠᠨᠲᠤ ᠬᠡᠰᠢᠭᠲᠦ ᠬᠣᠶᠠᠷ ᠬᠢᠲᠠᠳ ᠬᠤᠳᠠᠯᠳᠤᠭᠠᠴᠢᠨ ᠢ᠋ ᠲᠠᠪᠤᠳᠤᠭᠠᠷ ᠵᠡᠷᠭᠡ ᠶ᠋ᠢᠨ ᠲᠦᠰᠢᠮᠡᠯ ᠦ᠋ᠨ ᠵᠢᠩᠰᠡ᠂ ᠬᠥᠬᠡ ᠤᠲᠤᠭ᠎ᠠ ᠪᠠᠷ ᠱᠠᠩᠨᠠᠨ ᠬᠥᠬᠢᠭᠦᠯᠦᠭᠰᠡᠨ ᠢ᠋ ᠮᠥᠨ ᠤᠩᠰᠢᠨ ᠰᠣᠨᠣᠰᠬᠠᠵᠠᠢ᠃ 
       ᠮᠥᠨᠬᠦ ᠲᠠᠪᠤᠳᠤᠭᠠᠷ ᠵᠡᠷᠭᠡ ᠶ᠋ᠢᠨ ᠵᠢᠩᠰᠡ᠂ ᠬᠥᠬᠡ ᠤᠲᠤᠭ᠎ᠠ ᠪᠠᠷ ᠱᠠᠩᠨᠠᠭᠤᠯᠤᠭᠴᠢᠳ ᠤ᠋ᠨ ᠳᠤᠮᠳᠠ ᠨᠡᠷ᠎ᠡ ᠪᠡᠨ ᠭᠠᠷᠤᠭᠰᠠᠨ ᠢ᠋ ᠰᠣᠨᠣᠰᠤᠭᠠᠳ ᠯᠣᠳᠣᠢ ᠪᠠᠶᠠᠨ ᠤ᠋ ᠨᠢᠭᠤᠷ ᠬᠠᠯᠠᠭᠤᠨ ᠣᠷᠬᠢᠵᠤ᠂ ᠴᠢᠬᠢ ᠱᠤᠤᠬᠢᠨᠠᠨ ᠯᠣᠭ ᠯᠣᠭ ᠯᠤᠭᠰᠢᠪᠠ᠃ 
       ᠣᠯᠠᠨ ᠨᠣᠶᠠᠳ᠂ ᠯᠠᠮᠠ ᠲᠦᠰᠢᠮᠡᠳ ᠢ᠋ ᠱᠠᠩᠨᠠᠨ ᠬᠥᠬᠢᠭᠦᠯᠦᠭᠰᠡᠨ ᠡᠳᠦᠢ ᠲᠡᠳᠦᠢ ᠨᠡᠷ᠎ᠡ ᠶ᠋ᠢ ᠤᠩᠰᠢᠵᠤ ᠭᠦᠢᠴᠡᠭᠡᠳ᠂ ᠭᠢᠨᠳᠠᠨ ᠳ᠋ᠤ᠌ ᠬᠣᠷᠢᠬᠳᠠᠭᠴᠢᠳ ᠲᠤ᠌ ᠶᠠᠯ᠎ᠠ ᠶ᠋ᠢ ᠦᠷᠡᠵᠦ ᠬᠡᠯᠲᠦᠷᠢᠭᠦᠯᠬᠦ ᠬᠡᠰᠢᠭ ᠬᠦᠷᠲᠡᠭᠡᠭᠰᠡᠨ ᠢ᠋ ᠤᠩᠰᠢᠭᠰᠠᠨ ᠨᠢ᠂ ᠭᠢᠨᠳᠠᠨ᠎ᠠ ᠬᠣᠷᠢᠭᠳᠠᠨ ᠪᠠᠢᠭ᠎ᠠ ᠨᠠᠰᠤ ᠥᠲᠡᠯᠦᠭᠰᠡᠨ ᠶᠠᠯᠠᠲᠠᠨ ᠢ᠋ ᠰᠤᠯᠠᠯᠠᠵᠤ᠂ ᠪᠡᠶ᠎ᠡ ᠴᠢᠭᠢᠷᠠᠭ᠂ ᠨᠠᠰᠤ ᠵᠠᠯᠠᠭᠤ ᠶ᠋ᠢ ᠨᠢ ᠶᠠᠯ᠎ᠠ ᠶ᠋ᠢ ᠵᠣᠯᠢᠵᠤ ᠴᠡᠷᠢᠭ ᠪᠣᠯᠭᠠᠲᠤᠭᠠᠢ ᠭᠡᠵᠦ ᠵᠠᠷᠯᠢᠭ ᠢ᠋ ᠤᠩᠰᠢᠨ ᠰᠣᠨᠣᠰᠬᠠᠬᠤ ᠳ᠋ᠤ᠌᠂ ᠲᠥᠷᠥ ᠶ᠋ᠢᠨ ᠦᠷᠭᠦᠭᠡᠨ ᠳ᠋ᠦ᠍ ᠪᠠᠢᠭ᠎ᠠ ᠰᠢᠳᠠᠷ ᠬᠠᠭᠠᠯᠭᠠᠴᠢᠨ ᠯᠠᠮᠠ ᠨᠠᠷ ᠤ᠋ᠨ ᠭᠠᠷ ᠤ᠋ᠨ ᠳᠣᠣᠷ᠎ᠠ ᠵᠠᠷᠤᠭᠳᠠᠵᠤ ᠪᠠᠢᠭᠰᠠᠨ ᠬᠥᠩᠭᠡᠨ ᠱᠠᠯᠠᠮᠠᠭᠠᠢ ᠪᠠᠭᠠᠴᠤᠳ ᠪᠠᠨᠳᠢ ᠨᠠᠷ᠂ ᠬᠠᠭᠠᠨ ᠤ᠋ ᠲᠥᠷᠥ ᠶ᠋ᠢᠨ ᠦᠷᠭᠦᠭᠡᠨ᠎ᠡ ᠴᠣᠬᠣᠮ ᠶᠠᠭᠤ ᠶᠠᠭᠤ ᠪᠣᠯᠵᠤ ᠪᠠᠢᠭ᠎ᠠ ᠶ᠋ᠢ ᠰᠢᠷ᠎ᠠ ᠣᠷᠳᠣᠨ ᠤ᠋ ᠬᠦᠷᠢᠶᠡᠨ ᠦ᠌ ᠭᠠᠳᠠᠨ᠎ᠠ ᠴᠤᠭᠯᠠᠭᠰᠠᠨ ᠣᠯᠠᠨ ᠳ᠋ᠤ᠌ ᠨᠡᠪᠲᠡᠷᠡᠭᠦᠯᠦᠨ ᠤᠯᠠᠮᠵᠢᠯᠠᠵᠤ᠂ 
       — ᠣᠳᠣ ᠨᠣᠶᠠᠳ ᠢ᠋ ᠱᠠᠩᠨᠠᠪᠠ᠃ ᠬᠠᠨᠳᠠ ᠴᠢᠨ ᠸᠠᠩ ᠳ᠋ᠤ᠌ ᠬᠠᠭᠠᠨ ᠤ᠋ ᠶᠠᠩᠪᠠ ᠳᠠᠪᠬᠤᠷ ᠹᠦᠩᠯᠦ᠂ ᠳᠡ ᠯᠠᠮᠠ ᠶ᠋ᠢ ᠠᠯᠢᠪᠠ ᠠᠯᠪᠠᠨ ᠭᠤᠪᠴᠢᠭᠤᠷ ᠠ᠋ᠴᠠ ᠡᠭᠦᠷᠢᠳᠡ ᠴᠢᠯᠥᠭᠡᠯᠡᠪᠡ ᠭᠡᠵᠦ ᠨᠢᠭᠡᠨ ᠪᠢᠴᠢᠬᠠᠨ ᠪᠠᠨᠳᠢ ᠣᠯᠠᠨ ᠳ᠋ᠤ᠌ ᠰᠣᠨᠢᠨ ᠢ᠋ ᠬᠡᠯᠡᠵᠦ ᠥᠭᠪᠡ᠃ ᠲᠡᠭᠡᠬᠦ ᠳ᠋ᠦ᠍᠂ ᠬᠥᠳᠡᠭᠡ ᠶ᠋ᠢᠨ ᠨᠢᠭᠡᠨ ᠥᠲᠡᠭᠦᠰ ᠠᠰᠠᠭᠤᠷᠤᠨ᠂ 
       —  ᠬᠡᠦᠬᠡ᠂ ᠬᠠᠭᠠᠨ ᠤ᠋ ᠥᠷᠥᠰᠢᠶᠡᠯᠲᠦ ᠵᠠᠷᠯᠢᠭ ᠲᠤ᠌᠂ ᠬᠠᠷᠠᠴᠤ ᠠᠷᠠᠳ᠂ ᠠᠯᠪᠠᠲᠤ ᠬᠠᠮᠵᠢᠯᠭ᠎ᠠ ᠪᠢᠳᠡᠨ ᠳ᠋ᠦ᠍ ᠴᠣᠬᠣᠮ ᠶᠠᠮᠠᠷ ᠰᠠᠢᠬᠠᠨ ᠬᠡᠰᠢᠭ ᠬᠦᠷᠲᠡᠭᠡᠪᠡ᠃ ᠶᠠᠭᠤᠮ᠎ᠠ ᠣᠯᠵᠤ ᠰᠣᠨᠣᠰᠪᠠᠤ? ᠠᠯᠪᠠᠨ ᠲᠠᠲᠠᠪᠤᠷᠢ ᠶ᠋ᠢ ᠬᠥᠩᠭᠡᠨ ᠪᠣᠯᠭᠠᠬᠤ ᠲᠤᠬᠠᠢ ᠶᠠᠭᠤᠮ᠎ᠠ ᠰᠣᠨᠣᠰᠤᠭ᠎ᠠ ᠦᠭᠡᠢ ᠪᠢᠵᠡ? ᠠᠪᠤᠷᠠᠯ ᠢᠲᠡᠭᠡᠯ᠂ ᠠᠷᠭ᠎ᠠ ᠪᠢᠯᠢᠭ ᠢ᠋ ᠬᠣᠣᠰᠯᠠᠨ ᠲᠠᠭᠠᠯᠠᠵᠤ ᠵᠣᠬᠢᠶᠠᠭᠰᠠᠨ ᠪᠣᠭᠳᠠ ᠬᠠᠭᠠᠨᠲᠠᠨ᠂ ᠠᠷᠠᠳ ᠠᠯᠪᠠᠲᠤ ᠪᠢᠳᠡᠨ ᠢ᠋ᠶ᠋ᠡᠨ ᠨᠢᠭᠦᠯᠡᠰᠴᠦ᠂ ᠬᠢᠲᠠᠳ ᠤ᠋ᠨ ᠮᠥᠩᠭᠥ ᠬᠦᠦᠯᠡᠭᠴᠢ ᠫᠦᠰᠡᠨ ᠳ᠋ᠦ᠍ ᠨᠣᠶᠠᠳ ᠤ᠋ᠨ ᠥᠷᠢ ᠲᠥᠯᠥᠭᠡᠰᠦ ᠡᠴᠡ ᠴᠢᠯᠥᠭᠡᠯᠡᠭᠰᠡᠨ ᠦᠭᠡᠢ ᠤᠤ ᠬᠦᠦ ᠮᠢᠨᠢ ᠭᠡᠵᠦ ᠠᠰᠠᠭᠤᠪᠠ᠃ 
       — ᠦᠭᠡᠢ᠃ ᠡᠪᠦᠭᠡᠨ ᠭᠤᠸᠠᠢ᠂ ᠲᠡᠢᠮᠦ ᠶᠠᠭᠤᠮ᠎ᠠ ᠶᠡᠷᠦ ᠰᠣᠨᠣᠰᠤᠭᠰᠠᠨ ᠦᠭᠡᠢ᠂ ᠳᠠᠭᠤᠯᠠᠭᠰᠠᠨ ᠠ᠋ᠴᠠ ᠬᠠᠷᠢᠨ ᠮᠥᠩᠭᠥ ᠬᠦᠦᠯᠡᠬᠦ ᠫᠦᠰᠡ ᠶ᠋ᠢᠨ ᠪᠤᠶᠠᠨᠲᠤ ᠬᠡᠰᠢᠭᠲᠦ ᠭᠡᠳᠡᠭ ᠬᠣᠶᠠᠷ ᠳ᠋ᠠᠩᠵᠢᠶᠠᠳᠠ ᠶ᠋ᠢ᠂ ᠪᠠᠰᠠ ᠯᡁᠠ ᠪᠠᠢᠰᠠ ᠶ᠋ᠢᠨ ᠬᠤᠰᠢᠭᠤᠨ ᠤ᠋ ᠨᠢᠭᠡ ᠯᠣᠳᠣᠢ ᠪᠠᠶᠠᠨ ᠭᠡᠳᠡᠭ ᠢ᠋ ᠬᠥᠬᠡ ᠤᠲᠤᠭ᠎ᠠ᠂ ᠭᠡᠭᠡᠬᠡᠨ ᠪᠣᠯᠣᠷ ᠵᠢᠩᠰᠡ ᠪᠡᠷ ᠱᠠᠩᠨᠠᠵᠤ ᠭᠡᠨ᠎ᠡ ᠭᠡᠬᠦ ᠳ᠋ᠦ᠍᠂ 
       — ᠲᠡᠷᠡ ᠪᠠᠶᠠᠨ ᠴᠢᠨᠢ᠂ ᠬᠣᠶᠠᠷ ᠳ᠋ᠠᠩᠵᠢᠶᠠᠳᠠ (ᠳᠠᠩᠵᠢᠶᠠᠳᠠ) ᠲᠠᠢᠭᠠᠨ ᠬᠠᠭ᠎ᠠ ᠪᠠᠭᠤᠭ! ᠭᠡᠵᠦ ᠡᠪᠦᠭᠡᠨ ᠮᠠᠯᠴᠢᠨ ᠨᠤᠯᠮᠤᠵᠠᠢ᠃  
       ᠠᠯᠲᠠᠨᠬᠤᠶᠠᠭ᠂ ᠲᠡᠷᠡ ᠴᠣᠪᠣᠭᠣ ᠰᠡᠷᠭᠦᠯᠡᠩ ᠵᠢᠭᠠᠬᠠᠨ ᠬᠦᠦ ᠶ᠋ᠢᠨ ᠨᠡᠪᠲᠡᠷᠡᠭᠦᠯᠦᠨ ᠤᠯᠠᠮᠵᠢᠯᠠᠵᠤ ᠪᠠᠢᠭ᠎ᠠ ᠰᠣᠨᠢᠨ ᠢ᠋ ᠴᠢᠬᠢ ᠲᠠᠯᠪᠢᠨ ᠰᠣᠨᠣᠰᠴᠤ᠂ ᠲᠡᠷᠡ ᠵᠠᠷᠯᠢᠭ ᠲᠤ᠌ ᠠᠯᠪᠠᠲᠤ ᠠᠷᠠᠳ ᠪᠢᠳᠡᠨ ᠦ᠌ ᠲᠤᠬᠠᠢ ᠪᠠᠰᠠ ᠶᠠᠭᠤ ᠪᠠᠢᠨ᠎ᠠ ᠭᠡᠵᠦ ᠠᠰᠠᠭᠤᠪᠠᠯ᠂ 
       — ᠶᠠᠯᠠᠲᠠᠨ ᠤ᠋ ᠶᠠᠯ᠎ᠠ ᠶ᠋ᠢ ᠵᠣᠯᠢᠵᠤ ᠴᠡᠷᠢᠭ ᠪᠣᠯᠭᠠᠬᠤ ᠶᠤᠮ ᠭᠡᠨ᠎ᠡ ᠭᠡᠬᠦ ᠳ᠋ᠦ᠍ᠨᠢ ᠠᠯᠲᠠᠨᠬᠤᠶᠠᠭ᠂ ᠰᠠᠢ᠍ᠢ(ᠰᠠᠶᠢ) ᠶ᠋ᠢᠨ ᠡᠪᠦᠭᠡᠨ ᠲᠡᠰᠢ ᠬᠠᠨᠳᠤᠵᠤ 
       — ᠠᠢ ᠴᠠᠪᠠᠰᠤ ᠳᠠ᠂ ᠠᠷᠠᠳ ᠠᠮᠢᠲᠠᠨ ᠳ᠋ᠤ᠌ ᠬᠦᠷᠲᠡᠭᠡᠭᠰᠡᠨ ᠬᠠᠭᠠᠨ ᠤ᠋ ᠬᠡᠰᠢᠭ ᠨᠢ ᠡᠨᠡ ᠪᠣᠯᠵᠤ ᠳᠠ ᠡᠪᠦᠭᠡᠨ ᠭᠤᠸᠠᠢ ᠮᠢᠨᠢ! ᠪᠢᠳᠡ ᠬᠥᠮᠦᠨ ᠦ᠌ ᠭᠠᠵᠠᠷ ᠪᠤᠰᠤᠳ ᠤ᠋ᠨ ᠬᠤᠰᠢᠭᠤᠨ ᠠ᠋ᠴᠠ ᠭᠡᠷ ᠨᠤᠲᠤᠭ ᠲᠠᠭᠠᠨ ᠬᠠᠷᠢᠵᠤ᠂ ᠤᠯᠤᠰ ᠲᠥᠷᠥ ᠳ᠋ᠡᠭᠡᠨ ᠬᠦᠷᠴᠦ ᠢᠷᠡᠭᠡᠳ᠂ ᠠᠷᠠᠳ ᠣᠯᠠᠨ ᠳ᠋ᠤ᠌ ᠠᠵᠤ ᠲᠥᠷᠥᠬᠦ ᠳ᠋ᠦ᠍ᠨᠢ ᠬᠥᠩᠭᠡᠨ ᠳᠥᠭᠥᠮ ᠪᠣᠯᠭᠠᠬᠤ ᠵᠠᠷᠯᠢᠭ ᠣᠯᠵᠤ ᠰᠣᠨᠣᠰᠤᠨ᠎ᠠ ᠭᠡᠵᠦ ᠵᠢᠳᠬᠦᠭᠰᠡᠨ ᠮᠠᠨᠢ ᠲᠠᠯᠠᠭᠠᠷ ᠪᠣᠯᠵᠠᠢ᠃ ᠣᠳᠣ ᠡᠨᠡ ᠣᠯᠠᠨ ᠱᠠᠩᠨᠠᠭᠤᠯᠤᠭᠰᠠᠨ ᠨᠣᠶᠠᠳ ᠲᠦᠰᠢᠮᠡᠯ ᠪᠦᠭᠦᠳᠡ᠂ ᠰᠢᠨ᠎ᠡ ᠤᠲᠤᠭ᠎ᠠ ᠵᠢᠩᠰᠡ ᠪᠡᠨ ᠮᠢᠯᠢᠶᠠᠵᠤ᠂ ᠬᠢᠲᠤᠭ᠎ᠠ ᠲᠠᠯᠪᠢᠯ ᠦᠭᠡᠢ ᠮᠢᠬ᠎ᠠ ᠢᠳᠡᠵᠦ᠂ ᠬᠤᠨᠳᠠᠭ᠎ᠠ ᠲᠠᠯᠪᠢᠯ ᠦᠭᠡᠢ ᠠᠷᠢᠬᠢ ᠤᠤᠭᠤᠵᠤ ᠨᠠᠷᠭᠢᠬᠤ ᠶᠤᠮ ᠪᠢᠵᠡ ᠳᠡ᠃ ᠡᠨᠡ ᠣᠯᠠᠨ ᠨᠣᠶᠠᠳ ᠲᠤ᠌ ᠳᠠᠪᠬᠤᠷ ᠹᠦᠩᠯᠦ ᠱᠠᠩᠨᠠᠭᠰᠠᠨ ᠨᠢ ᠶᠠᠮᠠᠷ᠂ ᠳᠡᠭᠡᠷ᠎ᠡ ᠥᠨᠳᠥᠷ ᠬᠥᠬᠡ ᠲᠩᠷᠢ ᠡᠴᠡ ᠪᠠᠭᠤᠵᠤ᠂ ᠲᠡᠭᠨᠡᠭᠦᠯ ᠳᠡᠭᠡᠷ᠎ᠡ ᠲᠣᠭᠲᠠᠬᠤ ᠡᠷᠭᠢ ᠡᠴᠡ ᠨᠤᠷᠠᠵᠤ ᠴᠡᠴᠡᠭ ᠡᠴᠡ ᠳᠡᠯᠪᠡᠷᠡᠬᠦ ᠶᠦᠮ ᠪᠢᠰᠢ᠂ ᠥᠨᠥᠬᠢ ᠯᠡ ᠵᠣᠪᠠᠯᠠᠩᠲᠤ ᠪᠢᠳᠡᠨ ᠡᠴᠡ ᠭᠤᠪᠴᠢᠬᠤ ᠶᠤᠮ ᠪᠠᠢᠯ ᠦᠭᠡᠢ ᠳᠡ᠃ ᠡᠨᠡ ᠭᠣᠣᠯ ᠤ᠋ᠨ ᠠᠷᠢᠬᠢᠴᠢ ᠬᠥᠬᠡ ᠲᠠᠩᠭᠤᠳ ᠪᠢᠳᠡᠨ ᠳ᠋ᠡᠭᠡᠨ ᠡᠢᠮᠦ ᠬᠡᠰᠢᠭ ᠬᠦᠷᠲᠡᠭᠡᠳᠡᠭ ᠪᠠᠢᠵᠠᠢ ᠭᠡᠵᠦ ᠭᠠᠰᠠᠯᠠᠪᠠ᠃   

— — — — 
 * ᠳ᠋ᠦᠰᠢᠳ ᠦ᠋ᠨ ᠣᠷᠣᠨ ᠭᠡᠵᠦ ᠲᠩᠷᠢ ᠨᠠᠷ ᠤ᠋ᠨ ᠣᠯᠠᠨ ᠣᠷᠣᠨ ᠤ᠋ ᠨᠢᠭᠡᠨ ᠭᠡᠳᠡᠭ ᠦ᠋ᠨ ᠨᠡᠷ᠎ᠡ᠂ ᠣᠷᠣᠰ ᠬᠡᠯᠡᠨ ᠳ᠋ᠦ᠍ ᠶᠡᠬᠡᠳᠡ ᠪᠠᠶᠠᠷᠯᠠᠵᠤ ᠲᠩᠷᠢ ᠶ᠋ᠢᠨ ᠳᠣᠯᠣᠳᠤᠭᠠᠷ ᠣᠷᠣᠨ ᠳ᠋ᠤ᠌ ᠭᠠᠷᠪᠠ ᠭᠡᠳᠡᠭ ᠲᠡᠢ ᠣᠢᠷᠠᠯᠴᠠᠭ᠎ᠠ ᠤᠳᠬ᠎ᠠ ᠪᠠᠷ ᠡᠭᠦᠨ ᠳ᠋ᠦ᠍ ᠬᠡᠷᠡᠭᠯᠡᠪᠡ᠃  

      ᠦᠰᠦᠭ ᠠᠮᠢᠯᠠᠭᠤᠯᠤᠭᠴᠢ᠄ ᠣᠶᠤᠨᠪᠠᠲᠤ᠂ ᠪᠠᠳᠮᠠᠰᠡᠴᠡᠨ᠂ ᠣᠶᠤᠨᠪᠢᠯᠢᠭ᠌᠂ ᠪᠠᠯ᠂ 
                                ᠰᠠᠷᠠᠨᠲᠤᠶᠠᠭ᠎ᠠ᠂ ᠤᠢᠭᠤᠷᠵᠢᠨ·ᠣᠳᠬᠣᠨᠪᠠᠪᠠ
      ᠬᠢᠨᠠᠭᠴᠢ᠄ ᠣᠶᠤᠨᠪᠠᠲᠤ᠂ ᠪᠠᠳᠮᠠᠰᠡᠴᠡᠨ᠂ ᠣᠳᠬᠣᠨᠴᠡᠴᠡᠭ᠂ ᠣᠶᠤᠨᠪᠠᠲᠤ᠂ ᠲ· ᠬᠦᠮᠦᠵᠢᠯᠲᠦ᠂ ᠪᠠᠯ
      ᠤᠩᠰᠢᠭᠴᠢ ᠄  ᠨᠠᠰᠤᠨ᠌ᠦ᠌ᠯᠵᠡᠢ