ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠨᠢᠭᠡ Үүрийн туяа II – Б ᠂ Ренчин Хоёрдугаар дэвтэр "Гал усны гашуун зовлон"-1 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠨᠢᠭᠡ Үүрийн туяа II – Б ᠂ Ренчин Хоёрдугаар дэвтэр "Гал усны гашуун зовлон"-1

ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠨᠢᠭᠡ Үүрийн туяа II – Б ᠂ Ренчин Хоёрдугаар дэвтэр "Гал усны гашуун зовлон"-1

ᠠᠩᠭᠢᠯᠠᠯ:ᠲᠤᠭᠤᠵᠢ ᠷᠣᠮᠠᠨ
2024-12-19

553

ᠨᠢᠭᠡ᠂ ᠯᠤᠤ ᠶ᠋ᠢᠨ ᠬᠦᠴᠦᠨ ᠮᠣᠬᠣᠪᠠ

   
                   Maпa, tecel, phares*  

       ᠬᠦᠷᠢᠶᠡᠨ ᠦ᠌ ᠠᠮᠪᠠᠰ ᠤ᠋ᠨ ᠶᠠᠮᠤᠨ᠎ᠠ ᠡᠳᠦᠷ ᠢᠷᠡᠬᠦ ᠳᠣᠳᠣᠮ ᠪᠡᠭᠡᠵᠢᠩ ᠡᠴᠡ ᠤᠯᠠᠮ ᠤᠷᠤᠭᠰᠢ ᠦᠭᠡᠢ ᠮᠡᠳᠡᠭᠡ ᠢᠷᠡᠬᠦ ᠪᠣᠯᠪᠠ᠃  
       ᠡᠵᠡᠷᠬᠡᠭ ᠮᠠᠨᠵᠤ ᠠᠮᠪᠠᠨ ᠰᠠᠢᠳ᠂ ᠠᠷᠤ ᠮᠣᠩᠭᠣᠯ ᠢ᠋ ᠳᠠᠷᠤᠯᠠᠨ ᠵᠠᠬᠢᠷᠬᠤ ᠶᠣᠰᠣᠲᠠᠢ᠂ ᠡᠨᠡᠷᠢᠨ ᠲᠣᠬᠣᠨᠢᠭᠤᠯᠬᠤ ᠪᠣᠳᠣᠯᠭ᠎ᠠ ᠶᠠᠪᠤᠭᠤᠯᠪᠠᠯ ᠬᠠᠯᠬᠠᠴᠤᠳ ᠲᠣᠯᠣᠭᠠᠢ ᠳᠡᠭᠡᠷ᠎ᠡ ᠭᠠᠷᠬᠤ ᠳ᠋ᠤ᠌ ᠬᠦᠷᠦᠨ᠎ᠡ ᠭᠡᠵᠦ ᠤᠷᠢᠳ ᠪᠣᠳᠣᠵᠤ ᠪᠠᠢᠭᠰᠠᠨ ᠬᠥᠮᠦᠨ ᠪᠠᠢᠵᠠᠢ᠃ ᠭᠡᠲᠡᠯ᠎ᠡ ᠶᠡᠬᠡ ᠳᠠᠢᠴᠢᠩ ᠤᠯᠤᠰ ᠤ᠋ᠨ ᠨᠡᠷ᠎ᠡ ᠠᠯᠳᠠᠷ ᠡᠳᠦᠷ ᠢᠷᠡᠬᠦ ᠳᠣᠳᠣᠮ ᠮᠣᠩᠭᠣᠯᠴᠤᠳ ᠤ᠋ᠨ ᠳᠤᠮᠳᠠ ᠪᠠᠭᠤᠷᠠᠵᠤ᠂ ᠶᠡᠬᠡ ᠬᠦᠷᠢᠶᠡᠨ᠎ᠡ ᠰᠠᠭᠤᠬᠤ ᠵᠠᠷᠯᠢᠭ ᠤ᠋ᠨ ᠰᠠᠢᠳ᠂ ᠦᠬᠦᠭᠰᠡᠨ ᠪᠤᠤᠷ᠎ᠠ ᠶᠢᠨ ᠲᠣᠯᠣᠭᠠᠢ ᠠ᠋ᠴᠠ ᠠᠮᠢᠳᠤ ᠠᠳᠠ ᠠᠶᠤᠳᠠᠭ ᠭᠡᠭᠴᠢ ᠶ᠋ᠢᠨ ᠦᠯᠢᠭᠡᠷ ᠢ᠋ᠶ᠋ᠡᠷ᠂ ᠭᠠᠭᠴᠠᠬᠦ ᠶᠡᠬᠡᠮᠰᠦᠭ ᠢ᠋ ᠦᠵᠡᠭᠦᠯᠵᠦ᠂ ᠳᠡᠮᠡᠢ ᠯᠡ ᠬᠣᠭᠣᠰᠣᠨ ᠰᠦᠷ ᠪᠠᠳᠠᠷᠠᠭᠤᠯᠬᠤ ᠠ᠋ᠴᠠ ᠥᠭᠡᠷ᠎ᠡ ᠴᠢᠳᠠᠯ ᠦᠭᠡᠢ ᠪᠣᠯᠤᠭᠰᠠᠨ ᠴᠠᠭ ᠪᠠᠢᠵᠠᠢ᠃  
       ᠬᠦᠷᠢᠶᠡᠨ ᠳ᠋ᠦ᠍ ᠰᠠᠭᠤᠯᠭᠠᠭᠰᠠᠨ ᠮᠠᠨᠵᠤ ᠶ᠋ᠢᠨ ᠳᠠᠷᠤᠩᠭᠤᠢ ᠴᠡᠷᠢᠭ ᠦ᠋ᠨ ᠴᠡᠷᠢᠭ ᠳᠠᠷᠤᠭ᠎ᠠ ᠴᠦ᠍᠂ ᠠᠮᠪᠠᠰ ᠰᠠᠢᠳ ᠠ᠋ᠴᠠ ᠮᠣᠩᠭᠣᠯᠴᠤᠳ ᠤ᠋ᠨ ᠬᠣᠣᠷ ᠢ᠋ ᠪᠢᠲᠡᠭᠡᠢ ᠮᠠᠯᠲᠠᠭᠠᠳ ᠪᠠᠢ᠂ ᠬᠥᠮᠦᠨ ᠠᠮᠢᠲᠠᠨ ᠢ᠋ ᠪᠢᠲᠡᠭᠡᠢ ᠳᠡᠮᠡᠢ ᠳᠠᠷᠤᠯᠠᠵᠤ ᠣᠯᠠᠨ ᠤ᠋ ᠰᠠᠨᠠᠯ ᠠᠯᠳᠠᠭᠳᠠᠭᠤᠯ ᠭᠡᠵᠦ ᠡᠴᠢᠨ᠎ᠡ ᠪᠡᠷ ᠴᠢᠩᠳᠠᠯᠠᠨ ᠲᠤᠰᠢᠶᠠᠭᠰᠠᠨ ᠤᠴᠢᠷ᠂ ᠬᠦᠷᠢᠶᠡᠨ ᠦ᠌ ᠵᠠᠬ᠎ᠠ ᠵᠡᠭᠡᠯᠢ ᠶ᠋ᠢᠨ ᠭᠠᠵᠠᠷ ᠤᠷᠢᠳ ᠤ᠋ᠨ ᠠᠳᠠᠯᠢ ᠶᠡᠬᠡ ᠰᠦᠷ ᠪᠠᠳᠠᠷᠠᠭᠤᠯᠵᠤ᠂ ᠴᠡᠭᠡᠵᠢ ᠪᠡᠨ ᠲᠦᠷᠢᠨ ᠶᠠᠪᠤᠬᠤ ᠪᠣᠯᠪᠠᠴᠤ᠂ ᠤᠷᠢᠳ ᠤ᠋ᠨ ᠠᠳᠠᠯᠢ ᠬᠥᠳᠡᠯᠬᠦ ᠪᠦᠷᠢ ᠬᠥᠮᠦᠨ ᠠᠮᠢᠲᠠᠨ ᠢ᠋ ᠵᠠᠨᠴᠢᠬᠤ ᠵᠣᠳᠣᠬᠤ ᠶ᠋ᠢ ᠬᠡᠳᠦᠢᠨ ᠪᠠᠢᠵᠠᠢ᠃  
       ᠬᠥᠮᠦᠨ ᠲᠡᠢ ᠦᠭᠡ ᠬᠡᠯᠡᠯᠴᠡᠬᠦ ᠳ᠋ᠡᠭᠡᠨ ᠮᠠᠨᠵᠤ ᠦᠭᠡ ᠬᠤᠳᠬᠤᠨ ᠬᠡᠯᠡᠯᠴᠡᠳᠡᠭ ᠢ᠋ᠶ᠋ᠡᠨ ᠨᠢᠭᠡ ᠶᠡᠬᠡ ᠡᠷᠳᠡᠮ ᠪᠣᠯᠭᠠᠨ ᠭᠠᠢᠬᠠᠭᠤᠯᠵᠤ ᠪᠠᠢᠭᠰᠠᠨ ᠵᠢᠰᠤᠷᠴᠢ ᠮᠣᠩᠭᠣᠯ ᠨᠣᠶᠠᠳ ᠲᠦᠰᠢᠮᠡᠳ᠂ ᠮᠠᠨᠵᠤ ᠰᠠᠢᠳ ᠨᠠᠳᠠ ᠠ᠋ᠴᠠ ᠲᠡᠢᠮᠦ ᠶᠠᠭᠤᠮ᠎ᠠ ᠠᠰᠠᠭᠤᠵᠤ᠂ ᠪᠢ ᠲᠡᠢᠮᠦ ᠦᠭᠡ ᠠᠢᠯᠠᠳᠬᠠᠪᠠ ᠭᠡᠵᠦ ᠠᠮᠪᠠᠨ ᠤ᠋ ᠭᠠᠭᠴᠠ ᠨᠢᠭᠡ ᠶᠠᠯᠢᠮ ᠦᠭᠡᠢ ᠦᠭᠡ᠂ ᠰᠠᠨᠠᠮᠰᠠᠷ ᠦᠭᠡᠢ ᠠᠰᠠᠭᠤᠭᠰᠠᠨ ᠢ᠋ ᠬᠡᠳᠦᠨ ᠳᠣᠯᠣᠭ᠎ᠠ ᠬᠣᠨᠣᠭ ᠭᠠᠢᠬᠠᠭᠤᠯᠤᠨ ᠶᠠᠷᠢᠵᠤ ᠪᠠᠢᠳᠠᠭ ᠢ᠋ᠶ᠋ᠠᠨ ᠪᠠᠢᠵᠤ᠂ ᠬᠠᠷᠢᠨ ᠮᠣᠩᠭᠣᠯ ᠤᠯᠤᠰ᠂ ᠮᠣᠩᠭᠣᠯ ᠤ᠋ᠨ ᠠᠷᠠᠳ ᠣᠯᠠᠨ ᠭᠡᠵᠦ ᠶᠠᠷᠢᠬᠤ ᠪᠣᠯᠵᠤ᠂ ᠤᠷᠢᠳ ᠤ᠋ᠨ ᠰᠠᠢᠨ ᠪᠤᠶᠠᠨ ᠢᠷᠦᠭᠡᠯ ᠢ᠋ᠶ᠋ᠡᠷ ᠪᠢᠳᠡ ᠪᠣᠭᠳᠠ ᠭᠡᠭᠡᠬᠡᠨ(ᠭᠡᠭᠡᠨ) ᠦ᠌ ᠱᠠᠪᠢ ᠪᠣᠭᠣᠯ ᠪᠣᠯᠵᠤ ᠲᠥᠷᠥᠭᠰᠡᠨ ᠬᠤᠪᠢ ᠲᠠᠢ ᠤᠯᠤᠰ ᠭᠡᠵᠦ᠂ ᠪᠣᠭᠳᠠ ᠶ᠋ᠢ ᠠᠮᠠᠨ ᠠ᠋ᠴᠠ ᠬᠣᠪᠬᠣᠯᠬᠤ ᠦᠭᠡᠢ ᠳᠤᠷᠠᠳᠤᠨ ᠬᠡᠯᠡᠯᠴᠡᠬᠦ ᠪᠣᠯᠵᠤ ᠪᠢᠯᠡ᠃ ᠲᠡᠭᠡᠪᠡᠴᠦ ᠵᠠᠷᠢᠮ ᠨᠢᠭᠡᠨ ᠨᠢ ᠴᠠᠭ ᠬᠠᠮᠢᠭᠠᠰᠢ ᠪᠣᠯᠬᠤ ᠶ᠋ᠢ ᠪᠣᠯᠵᠣᠰᠢ ᠦᠭᠡᠢ ᠬᠡᠷᠡᠭ᠂ ᠶᠡᠷᠦ ᠡᠪᠡᠷᠲᠡᠨ ᠰᠡᠭᠦᠯᠲᠡᠨ ᠳ᠋ᠦ᠍ ᠨᠢᠭᠤᠷ ᠲᠠᠢ ᠲᠠᠯ᠎ᠠ ᠲᠠᠢ ᠪᠠᠢᠬᠤ ᠨᠢ ᠳᠡᠭᠡᠷ᠎ᠡ ᠭᠡᠵᠦ ᠪᠤᠰᠤᠳ ᠨᠣᠶᠠᠳ ᠲᠦᠰᠢᠮᠡᠳ ᠦ᠋ᠨ ᠬᠡᠯᠡᠯᠴᠡᠭᠰᠡᠨ ᠦᠭᠡ ᠶ᠋ᠢ ᠣᠷᠬᠢᠬᠳᠠᠭᠤᠯᠤᠯ ᠦᠭᠡᠢ᠂ ᠠᠮᠪᠠᠰ ᠤ᠋ᠨ ᠶᠠᠮᠤᠨ ᠤ᠋ ᠮᠠᠨᠵᠤ ᠭᠠᠯᠠᠳᠠ ᠨᠠᠷ ᠢ᠋ᠶ᠋ᠠᠷ ᠤᠯᠠᠮᠵᠢᠯᠠᠨ᠂ ᠠᠮᠪᠠᠨ ᠰᠠᠢᠳ ᠤ᠋ᠨ ᠰᠣᠨᠣᠷ ᠲᠤ᠌ ᠲᠣᠯᠢᠯᠠᠭᠤᠯᠳᠠᠭ ᠪᠠᠢᠵᠠᠢ᠃
       ᠭᠡᠪᠡᠴᠦ ᠲᠡᠮᠡᠭᠡ ᠬᠠᠷᠢᠭᠤᠯᠳᠠᠭ ᠬᠥᠮᠦᠨ᠂ ᠪᠤᠤᠷ᠎ᠠ ᠨᠠᠢᠬᠠᠨ(ᠤ᠋ ᠪᠠᠨ) ᠵᠠᠩ ᠢ᠋ ᠠᠨᠳᠤᠬᠤ ᠦᠭᠡᠢ ᠭᠡᠭᠴᠢ ᠬᠠᠭᠤᠴᠢᠨ ᠤ᠋ ᠰᠡᠴᠡᠨ ᠦᠭᠡ ᠪᠡᠷ᠂ ᠲᠡᠷᠡᠬᠦ ᠮᠣᠩᠭᠣᠯᠴᠤᠳ ᠢ᠋ ᠬᠠᠷᠳᠠᠵᠤ ᠪᠠᠢᠭᠰᠠᠨ ᠮᠠᠨᠵᠤ ᠰᠠᠢᠳ ᠤ᠋ᠨ ᠴᠢᠬᠢ ᠲᠠᠯᠪᠢᠨ ᠰᠣᠨᠣᠰᠬᠤ ᠦᠭᠡ ᠭᠠᠷᠴᠤ ᠪᠣᠯᠵᠣᠰᠢ ᠦᠭᠡᠢ ᠭᠡᠳ ᠨᠣᠶᠠᠳ ᠠᠮᠢ ᠨᠠᠰᠤᠨ ᠳ᠋ᠠᠭᠠᠨ ᠣᠰᠣᠯᠲᠠᠢ ᠦᠭᠡ ᠶ᠋ᠢ ᠳᠡᠮᠡᠢ ᠯᠡ ᠵᠠᠳᠠᠷᠠᠭᠤᠯᠬᠤ ᠦᠭᠡᠢ᠂ ᠶᠡᠷᠦ ᠶᠠᠭᠤᠮ᠎ᠠ ᠬᠡᠯᠡᠯᠴᠡᠪᠡᠰᠦ ᠳᠣᠲᠣᠨᠣ ᠬᠥᠮᠦᠨ ᠲᠡᠢ ᠬᠡᠯᠡᠯᠴᠡ᠂ ᠥᠪᠡᠷ ᠵᠠᠭᠤᠷ᠎ᠠ ᠪᠠᠨ ᠪᠠᠰᠠ ᠪᠣᠯᠭᠣᠮᠵᠢᠯᠠᠳᠠᠭ ᠪᠠᠢᠵᠠᠢ᠃ 
       ᠬᠢᠲᠠᠳ ᠠ᠋ᠴᠠ ᠰᠠᠯᠵᠤ ᠲᠤᠰᠠᠭᠠᠷᠯᠠᠬᠤ ᠪᠣᠳᠣᠯᠭ᠎ᠠ ᠲᠠᠢ ᠪᠠᠢᠭᠰᠠᠨ ᠨᠣᠶᠠᠳ ᠬᠠᠭᠠᠳ᠂ ᠮᠠᠨᠵᠤ ᠨᠠᠷ ᠤ᠋ᠨ ᠰᠦᠷ ᠬᠦᠴᠦᠨ ᠢ᠋ ᠪᠠᠭᠤᠷᠠᠭᠤᠯᠵᠤ ᠪᠠᠢᠭᠰᠠᠨ ᠬᠢᠲᠠᠳ ᠤ᠋ᠨ ᠪᠣᠱᠣᠭ ᠢ᠋ ᠬᠠᠯᠠᠬᠤ ᠨᠠᠮ ᠤ᠋ᠨ ᠤᠷᠤᠭᠰᠢᠲᠠᠢ ᠳ᠋ᠤ᠌ ᠪᠠᠶᠠᠷᠯᠠᠪᠠᠴᠤ᠂ ᠨᠥᠭᠥᠭᠡᠲᠡᠭᠡᠭᠦᠷ ᠪᠠᠰᠠ ᠠᠷᠠᠳ ᠤ᠋ᠨ ᠡᠷᠬᠡᠲᠦ ᠶᠣᠰᠣ ᠰᠤᠷᠲᠠᠯ ᠠ᠋ᠴᠠ ᠨᠢ ᠬᠢᠷᠳ᠋ᠬᠢᠨ ᠡᠮᠢᠶᠡᠵᠦ ᠪᠢᠯᠡ᠃ ᠲᠦᠮᠡᠨ ᠭᠠᠵᠠᠷ ᠤ᠋ᠨ ᠤᠷᠲᠤ ᠴᠠᠭᠠᠨ ᠬᠡᠷᠡᠮ ᠦ᠋ᠨ ᠴᠢᠨᠠᠳᠤ ᠠ᠋ᠴᠠ ᠲᠡᠢᠮᠦ ᠠᠶᠤᠯ ᠭᠠᠷᠴᠤ ᠢᠷᠡᠬᠦ ᠶ᠋ᠢᠨ ᠰᠡᠳᠦᠪ ᠴᠤᠬᠤᠢᠬᠤ ᠳ᠋ᠤ᠌᠂ ᠴᠢᠩᠭᠢᠰ ᠦ᠋ᠨ ᠤᠭᠰᠠᠭᠠᠨ ᠤ᠋ ᠢᠵᠠᠭᠤᠷᠲᠠᠨ ᠨᠣᠶᠠᠳ ᠬᠠᠭᠠᠳ᠂ ᠪᠠᠢᠭᠤᠯᠤᠭᠳᠠᠭ᠎ᠠ ᠦᠭᠡᠢ ᠲᠥᠷᠥ ᠶ᠋ᠢᠨ ᠰᠢᠷᠡᠭᠡᠨ ᠳ᠋ᠦ᠍ ᠰᠠᠭᠤᠨ᠎ᠠ ᠭᠡᠵᠦ ᠪᠤᠯᠢᠶᠠᠯᠳᠤᠨ ᠮᠠᠷᠭᠤᠬᠤ ᠪᠠᠨ ᠪᠠᠢᠵᠤ᠂ ᠬᠠᠷᠢᠯᠴᠠᠨ ᠨᠠᠢᠷ ᠲᠠᠯᠪᠢᠬᠤ ᠠ᠋ᠴᠠ ᠥᠭᠡᠷ᠎ᠡ ᠠᠷᠭ᠎ᠠ ᠦᠭᠡᠢ ᠪᠣᠯᠤᠭᠠᠳ᠂ ᠳᠤᠮᠳᠠᠳᠤ ᠤᠯᠤᠰ ᠲᠤ᠌ ᠪᠦᠭᠦᠳᠡ ᠨᠠᠢᠷᠠᠮᠳᠠᠬᠤ ᠵᠠᠰᠠᠭ ᠶᠠᠪᠤᠭᠤᠯᠬᠤ ᠬᠥᠳᠡᠯᠭᠡᠭᠡᠨ ᠥᠷᠨᠢᠬᠦ ᠳ᠋ᠦ᠍ ᠠᠶᠤᠨ ᠰᠢᠷᠪᠡᠭᠡᠲᠦᠵᠦ᠂ ᠮᠣᠩᠭᠣᠯ ᠤᠯᠤᠰ ᠤ᠋ᠨ ᠬᠠᠭᠠᠨ ᠰᠢᠷᠡᠭᠡᠨ ᠳ᠋ᠦ᠍ ᠶᠡᠬᠡ ᠬᠦᠷᠢᠶᠡᠨ ᠦ᠌ ᠵᠢᠪᠽᠦ᠋ᠨ᠌ᠳᠠᠮᠪᠠ ᠬᠤᠲᠤᠭᠲᠤ ᠶ᠋ᠢᠨ 8 ᠳ᠋ᠤᠭᠠᠷ ᠳᠦᠷᠢ ᠶ᠋ᠢ ᠡᠷᠭᠦᠨ ᠵᠠᠯᠠᠬᠤ ᠪᠠᠷ ᠦᠭᠡ ᠰᠠᠨᠠᠯ ᠨᠡᠢᠯᠡᠵᠡᠢ᠃ ᠲᠡᠷᠡ ᠨᠢ ᠤᠭ ᠠ᠋ᠴᠠ ᠲᠥᠪᠡᠳ ᠬᠥᠮᠦᠨ ᠪᠥᠭᠡᠳ ᠠᠩᠬᠠᠳᠤᠭᠠᠷ ᠳᠦᠷᠢ ᠶ᠋ᠢᠨ ᠥᠨᠳᠥᠷ ᠭᠡᠭᠡᠬᠡᠨ(ᠭᠡᠭᠡᠨ) ᠭᠡᠭᠴᠢ ᠶ᠋ᠢ ᠬᠠᠯᠬ᠎ᠠ ᠶ᠋ᠢᠨ ᠬᠠᠭᠠᠳ ᠤ᠋ᠨ ᠠᠬᠠᠮᠠᠳ ᠤᠴᠢᠷᠡᠢ ᠪᠠᠲᠤ᠂ ᠲᠦᠰᠢᠶᠡᠲᠦ ᠬᠠᠨ ᠤ᠋ ᠭᠡᠷ ᠲᠦ᠍ ᠲᠥᠷᠥᠭᠰᠡᠨ ᠤᠴᠢᠷ ᠴᠢᠩᠭᠢᠰ ᠦ᠋ᠨ ᠤᠭᠰᠠᠭ᠎ᠠ ᠭᠡᠵᠦ ᠦᠵᠡᠳᠡᠭ ᠪᠠᠢᠵᠠᠢ᠃ 
       ᠠᠷᠤ ᠮᠣᠩᠭᠣᠯ ᠤ᠋ᠨ ᠰᠤᠷᠪᠤᠯᠵᠢᠲᠤ ᠨᠣᠶᠠᠳ ᠬᠠᠭᠠᠳ᠂ ᠪᠣᠰᠬᠠᠨ ᠪᠠᠢᠭᠤᠯᠬᠤ ᠲᠥᠷᠥ ᠶ᠋ᠢᠨ ᠡᠵᠡᠨ ᠬᠠᠭᠠᠨ ᠳ᠋ᠤ᠌ ᠬᠡᠨ ᠢ᠋ ᠡᠷᠭᠦᠮᠵᠢᠯᠡᠬᠦ ᠪᠣᠢ ᠭᠡᠳᠡᠭ ᠲᠡᠳᠡᠨ ᠦ᠌ ᠶᠡᠬᠡ ᠴᠢᠬᠤᠯᠠ ᠪᠣᠯᠭᠠᠵᠤ ᠪᠠᠢᠭᠰᠠᠨ ᠵᠦᠢᠯ ᠢ᠋ ᠢᠩᠭᠢᠵᠦ ᠨᠢᠭᠡᠨ ᠲᠡᠰᠢ(ᠲᠡᠢᠰᠢ) ᠲᠠᠰᠤᠯᠤᠨ ᠲᠣᠭᠲᠠᠭᠠᠭᠠᠳ᠂ ᠬᠣᠶᠠᠳᠤᠭᠠᠷ ᠶᠧᠺᠲ᠋ᠧᠷᠢᠨ ᠬᠤᠸᠠᠩᠬᠡᠦ ᠶ᠋ᠢᠨ ᠦᠶ᠎ᠡ ᠡᠴᠡ ᠡᠬᠢᠯᠡᠨ᠂ ᠴᠠᠭᠠᠨ ᠳᠠᠷ᠎ᠠ ᠡᠬᠡ ᠶ᠋ᠢᠨ ᠬᠤᠪᠢᠯᠭᠠᠨ ᠭᠡᠵᠦ ᠯᠠᠮᠠ ᠨᠠᠷ ᠤ᠋ᠨ ᠦᠵᠡᠵᠦ ᠪᠠᠢᠭᠰᠠᠨ ᠣᠷᠣᠰ ᠤ᠋ᠨ ᠴᠠᠭᠠᠨ ᠬᠠᠭᠠᠨ ᠤ᠋ ᠵᠦᠭ ᠤᠮᠠᠷᠠᠲᠡᠰᠢ ᠬᠠᠨᠳᠤᠵᠤ᠂ ᠬᠢᠲᠠᠳ ᠤ᠋ᠨ ᠲᠦᠮᠡᠨ ᠭᠠᠵᠠᠷ ᠤ᠋ᠨ ᠤᠷᠲᠤ ᠴᠠᠭᠠᠨ ᠬᠡᠷᠡᠮ ᠦ᠋ᠨ ᠴᠢᠨᠠᠳᠤ ᠠ᠋ᠴᠠ ᠪᠦᠭᠦᠳᠡ ᠨᠠᠢᠷᠠᠮᠳᠠᠬᠤ ᠵᠠᠰᠠᠭ ᠤ᠋ᠨ ᠬᠡᠢ ᠦᠵᠡᠭᠳᠡᠯ ᠰᠦᠷᠳᠡᠭᠦᠯᠦᠨ ᠪᠣᠰᠴᠤ ᠪᠠᠢᠭ᠎ᠠ ᠠ᠋ᠴᠠ ᠪᠢᠳᠡᠨ ᠦ᠌ ᠦᠶ᠎ᠡ ᠤᠯᠠᠷᠢᠨ ᠵᠠᠯᠭᠠᠮᠵᠢᠯᠠᠭᠰᠠᠨ ᠡᠷᠬᠡ ᠶᠠᠩᠪᠠ ᠶ᠋ᠢ ᠭᠠᠭᠴᠠᠬᠦ ᠣᠷᠣᠰ ᠤ᠋ᠨ ᠪᠠᠭᠠᠲᠤᠷ ᠴᠠᠭᠠᠨ ᠬᠠᠭᠠᠨ ᠬᠠᠮᠠᠭᠠᠯᠠᠨ ᠴᠢᠳᠠᠨ᠎ᠠ ᠭᠡᠵᠦ ᠭᠣᠷᠢᠳᠠᠵᠤ ᠪᠢᠯᠡ᠃  
       ᠣᠷᠣᠰ ᠤ᠋ᠨ ᠪᠠᠭᠠᠲᠤᠷ ᠴᠠᠭᠠᠨ ᠬᠠᠭᠠᠨ ᠤ᠋ ᠳᠣᠭᠰᠢᠨ ᠰᠦᠯᠳᠡ ᠬᠣᠶᠠᠷ ᠲᠣᠯᠣᠭᠠᠢᠲᠤ ᠭᠠᠷᠤᠳᠢ ᠰᠢᠪᠠᠭᠤᠨ ᠤ᠋ ᠳᠦᠷᠢ ᠲᠡᠢ ᠪᠥᠭᠡᠳ ᠮᠠᠨᠵᠤ ᠬᠢᠲᠠᠳ ᠤ᠋ᠨ ᠡᠵᠡᠷᠬᠡᠭ ᠲᠥᠷᠥ ᠶ᠋ᠢᠨ ᠯᠤᠤ ᠶ᠋ᠢ ᠵᠠᠳᠠᠯᠵᠤ ᠪᠠᠢᠭ᠎ᠠ ᠪᠠᠭᠠᠲᠤᠷ ᠡᠷ᠎ᠡ ᠶ᠋ᠢᠨ ᠬᠥᠷᠥᠭ ᠲᠡᠢ ᠲᠣᠯᠢ ᠶ᠋ᠢ ᠡᠯᠢᠭᠡᠨ ᠳ᠋ᠡᠭᠡᠨ ᠵᠡᠭᠦᠭᠰᠡᠨ ᠪᠠᠢᠳᠠᠭ ᠨᠢ ᠡᠷᠬᠡᠪᠰᠢ ᠤᠴᠢᠷ ᠲᠠᠢ ᠭᠡᠵᠦ ᠹᠧᠣᠳᠠᠯ ᠤ᠋ᠳ ᠪᠣᠳᠣᠳᠠᠭ ᠪᠠᠢᠵᠠᠢ᠃ 
       ᠳᠤᠮᠳᠠᠳᠤ ᠤᠯᠤᠰ ᠲᠤ᠌ ᠪᠣᠯᠵᠤ ᠪᠠᠢᠭ᠎ᠠ ᠶᠠᠪᠤᠳᠠᠯ ᠢ᠋ ᠦᠵᠡᠪᠡᠯ᠂ ᠮᠠᠨᠵᠤ ᠬᠠᠭᠠᠨ ᠤ᠋ ᠵᠠᠰᠠᠭ ᠤ᠋ᠨ ᠡᠷᠬᠡ ᠪᠠᠷᠢᠭᠴᠢᠳ᠂ ᠪᠣᠱᠣᠭ ᠢ᠋ ᠬᠠᠯᠠᠬᠤ ᠬᠥᠳᠡᠯᠭᠡᠭᠡᠨ ᠦ᠌ ᠬᠦᠴᠦ ᠶ᠋ᠢ ᠬᠡᠳᠦᠢᠪᠡᠷ ᠤᠷᠪᠠᠭᠰᠠᠨ ᠬᠤᠯᠠᠭᠠᠢ ᠭᠡᠵᠦ ᠥᠩᠭᠡᠨ ᠳ᠋ᠡᠭᠡᠨ ᠲᠣᠭᠣᠮᠰᠣᠷᠯᠠᠬᠤ ᠦᠭᠡᠢ ᠪᠠᠢᠭ᠎ᠠ ᠬᠡᠪ ᠢ᠋ᠶ᠋ᠡᠷ ᠪᠣᠯᠪᠠᠴᠤ᠂ ᠴᠣᠬᠣᠮ ᠳ᠋ᠠᠭᠠᠨ ᠲᠡᠭᠦᠨ ᠦ᠌ ᠥᠭᠡᠳᠡ ᠡᠴᠡ ᠬᠡᠷᠬᠢᠪᠡᠴᠦ ᠡᠰᠡᠷᠭᠦᠴᠡᠵᠦ ᠬᠦᠴᠦ ᠬᠦᠷᠬᠦ ᠦᠭᠡᠢ ᠪᠠᠢᠳᠠᠯ ᠢᠯᠡᠷᠬᠡᠢ ᠪᠣᠯᠵᠠᠢ᠃ ᠪᠠᠰᠠ ᠮᠣᠩᠭᠣᠯ ᠤ᠋ᠨ ᠠᠷᠠᠳ ᠲᠦᠮᠡᠨ᠂ ᠮᠠᠨᠵᠤ ᠬᠢᠲᠠᠳ ᠲᠦᠰᠢᠮᠡᠯ ᠴᠡᠷᠢᠭ ᠦ᠋ᠨ ᠳᠤᠷ᠎ᠠ ᠵᠣᠷᠢᠭ ᠮᠡᠳᠡᠨ ᠳᠠᠷᠤᠯᠠᠬᠤ᠂ ᠮᠥᠨ ᠮᠥᠩᠭᠥ ᠬᠦᠦᠯᠡᠬᠦ ᠰᠢᠨᠤᠬᠠᠢ ᠬᠤᠳᠠᠯᠳᠤᠭᠠᠴᠢᠳ ᠤ᠋ᠨ ᠮᠥᠯᠵᠢᠬᠦ ᠨᠢ ᠲᠡᠰᠪᠦᠷᠢᠯᠡᠬᠦᠶ᠎ᠡ ᠪᠡᠷᠬᠡ ᠪᠣᠯᠵᠤ᠂ ᠰᠡᠭᠦᠯ ᠦ᠋ᠨ ᠬᠡᠳᠦᠨ ᠵᠢᠯ ᠠᠯᠪᠠᠨ ᠲᠠᠲᠠᠪᠤᠷᠢ ᠶ᠋ᠢ ᠭᠤᠪᠴᠢᠨ ᠲᠠᠲᠠᠬᠤ ᠨᠢ ᠨᠡᠩ ᠨᠡᠮᠡᠭᠳᠡᠭᠰᠡᠨ ᠤᠴᠢᠷ ᠤᠯᠠᠮ ᠴᠤ᠌ ᠲᠠᠴᠢᠶᠠᠳᠠᠨ ᠬᠣᠷᠣᠰᠴᠤ ᠪᠠᠢᠭ᠎ᠠ ᠡᠨᠡ ᠪᠦᠬᠦ ᠪᠠᠢᠳᠠᠯ ᠢ᠋ ᠦᠵᠡᠭᠡᠳ᠂ ᠮᠠᠨᠵᠤ ᠠᠮᠪᠠᠨ ᠢ᠋ ᠬᠥᠭᠡᠭᠡᠨ ᠵᠠᠢᠯᠠᠭᠤᠯᠵᠤ᠂ ᠮᠣᠩᠭᠣᠯ ᠤᠯᠤᠰ ᠢ᠋ ᠬᠢᠲᠠᠳ ᠠ᠋ᠴᠠ ᠲᠤᠰᠠᠭᠠᠷᠯᠠᠨ ᠰᠠᠯᠭᠠᠬᠤ ᠭᠡᠵᠦ ᠰᠠᠮ ᠦᠭᠡ ᠨᠡᠢᠯᠡᠵᠦ ᠪᠠᠢᠭᠰᠠᠨ ᠨᠣᠶᠠᠳ ᠵᠢᠷᠦᠬᠡ ᠣᠷᠣᠵᠠᠢ᠃ 
       ᠮᠣᠩᠭᠣᠯ ᠢ᠋ ᠮᠠᠨᠵᠤ ᠳᠠᠢᠴᠢᠩ ᠤᠯᠤᠰ ᠠ᠋ᠴᠠ ᠰᠠᠯᠵᠤ᠂ ᠥᠪᠡᠷᠰᠡᠳ ᠢ᠋ᠶ᠋ᠡᠨ ᠵᠠᠰᠠᠬᠤ ᠪᠣᠯᠲᠤᠭᠠᠢ ᠭᠡᠳᠡᠭ ᠰᠠᠨᠠᠭ᠎ᠠ ᠡᠪᠦᠷᠯᠡᠭᠴᠢᠳ ᠦ᠋ᠨ ᠳᠣᠲᠣᠷ᠎ᠠ ᠠ᠋ᠴᠠ ᠪᠣᠭᠳᠠ ᠭᠡᠭᠡᠬᠡᠨ(ᠭᠡᠭᠡᠨ) ᠳ᠋ᠦ᠍ ᠤᠴᠢᠷ ᠢ᠋ ᠮᠡᠳᠡᠭᠳᠡᠵᠦ᠂ ᠮᠣᠩᠭᠣᠯ ᠤᠯᠤᠰ ᠤ᠋ᠨ ᠲᠤᠰᠠᠭᠠᠷᠯᠠᠨ ᠲᠣᠭᠲᠠᠬᠤ ᠶᠠᠪᠤᠳᠠᠯ ᠢ᠋ ᠤᠳᠤᠷᠢᠳᠬᠤ ᠲᠥᠪ ᠪᠣᠯᠵᠤ ᠠᠷᠤ ᠮᠣᠩᠭᠣᠯ ᠤ᠋ᠨ ᠳᠥᠷᠪᠡᠨ ᠵᠠᠰᠠᠭ᠂ ᠨᠢᠭᠡᠨ ᠦᠯᠡᠮᠵᠢᠬᠡᠨ ᠨᠥᠯᠥᠭᠡ ᠪᠦᠬᠦᠢ ᠯᠠᠮᠠ ᠨᠢᠭᠡᠳᠦᠭᠰᠡᠨ ᠨᠢ ᠣᠷᠣᠰ ᠤᠯᠤᠰ ᠢ᠋ ᠥᠮᠥᠭ ᠲᠦᠰᠢᠭ ᠪᠣᠯᠭᠠᠨ᠎ᠠ ᠭᠡᠵᠦ ᠮᠠᠨᠵᠤ ᠬᠢᠲᠠᠳ ᠲᠤ᠌ ᠮᠠᠰᠢ ᠳᠤᠷ᠎ᠠ ᠦᠭᠡᠢ ᠲᠦᠰᠢᠶᠡᠲᠦ ᠬᠠᠨ ᠠᠢᠮᠠᠭ ᠤ᠋ᠨ ᠵᠠᠩᠵᠤᠨ ᠬᠠᠨᠳᠠ ᠸᠠᠩ᠂ ᠶᠡᠬᠡ ᠬᠦᠷᠢᠶᠡᠨ ᠦ᠌ ᠵᠢᠪᠽᠦ᠋ᠨ᠌ᠳᠠᠮᠪᠠ ᠬᠤᠲᠤᠭᠲᠤ ᠶ᠋ᠢᠨ ᠶᠡᠬᠡ ᠱᠠᠪᠢ ᠶ᠋ᠢᠨ ᠳᠡ ᠯᠠᠮᠠ ᠴᠠᠷᠠᠨᠴᠢᠮᠡᠳ᠂ ᠡᠭᠦᠨ ᠦ᠌ ᠤᠷᠢᠳ ᠬᠠᠨᠳᠠ ᠸᠠᠩ ᠤ᠋ᠨ ᠬᠠᠮᠲᠤ ᠰᠠᠮ ᠰᠠᠨᠻᠲ᠋ᠫᠧᠲ᠋ᠧᠷᠪᠦ᠋ᠷᠡᠭ ᠬᠣᠲᠠ ᠣᠷᠣᠭᠠᠳ ᠢᠷᠡᠭᠰᠡᠨ ᠬᠥᠮᠦᠨ ᠪᠥᠭᠡᠳ ᠣᠷᠣᠰ ᠤ᠋ᠨ ᠭᠠᠷ ᠢ᠋ᠶ᠋ᠠᠷ ᠮᠣᠭᠠᠢ ᠪᠠᠷᠢᠭᠤᠯᠬᠤ ᠭᠡᠵᠦ ᠪᠣᠳᠣᠳᠠᠭ ᠬᠥᠮᠦᠨ ᠠᠵᠢ᠃ ᠪᠤᠰᠤᠳ ᠭᠤᠷᠪᠠ ᠶ᠋ᠢ ᠥᠭᠦᠯᠡᠪᠡᠯ᠂ ᠬᠦᠷᠢᠶᠡᠨ ᠦ᠌ ᠵᠢᠪᠽᠥ᠋ᠨᠳᠠᠮᠪᠠ ᠬᠤᠲᠤᠭᠲᠤ ᠮᠠᠨᠳᠤᠪᠠᠯ ᠮᠢᠨᠦ ᠪᠡᠶ᠎ᠡ ᠮᠥᠨ ᠮᠠᠨᠳᠤᠨ᠎ᠠ ᠭᠡᠵᠦ ᠪᠣᠳᠣᠳᠠᠭ᠂ ᠪᠣᠭᠳᠠ ᠶ᠋ᠢᠨ ᠠᠷᠢᠬᠢᠨ ᠤ᠋ ᠨᠥᠬᠥᠷ ᠭᠡᠵᠦ ᠣᠯᠠᠨ ᠤ᠋ ᠬᠡᠯᠡᠯᠴᠡᠳᠡᠭ ᠨᠠᠮᠰᠠᠷᠠᠢ ᠸᠠᠩ᠂ ᠮᠥᠨ ᠬᠠᠨ ᠠᠭᠤᠯᠠ ᠶ᠋ᠢᠨ ᠴᠢᠭᠤᠯᠭᠠᠨ ᠤ᠋ ᠳᠠᠷᠤᠭ᠎ᠠ ᠴᠠᠭᠳᠠᠷᠵᠠᠪ ᠸᠠᠩ᠂ ᠰᠡᠴᠡᠨ ᠬᠠᠨ ᠠᠢᠮᠠᠭ ᠤ᠋ᠨ ᠵᠠᠩᠵᠤᠨ ᠳᠠᠯᠠᠢ ᠸᠠᠩ ᠭᠣᠮᠪᠤᠰᠦ᠋ᠷᠦᠩ᠂ ᠡᠨᠡ ᠲᠠᠪᠤᠨ ᠬᠥᠮᠦᠨ ᠨᠡᠢᠯᠡᠵᠦ᠂ ᠶᠡᠷᠦᠩᠬᠡᠢᠯᠡᠨ ᠰᠢᠢᠳᠬᠡᠬᠦ ᠭᠠᠵᠠᠷ ᠢ᠋ ᠪᠠᠢᠭᠤᠯᠤᠨ ᠡᠬᠢᠯᠡᠵᠡᠢ᠃ 
       ᠮᠠᠨᠵᠤ ᠶ᠋ᠢᠨ ᠬᠡᠪᠲᠦ ᠶᠣᠰᠣᠨ ᠤ᠋ ᠭᠤᠷᠪᠠᠳᠤᠭᠠᠷ ᠣᠨ᠂ ᠠᠷᠪᠠᠨ ᠰᠠᠷ᠎ᠠ ᠶ᠋ᠢᠨ ᠰᠢᠨ᠎ᠡ ᠶ᠋ᠢᠨ ᠶᠢᠰᠦᠨ ᠳ᠋ᠦ᠍᠂ ᠡᠯ᠎ᠡ ᠮᠣᠩᠭᠣᠯ ᠤ᠋ᠨ ᠲᠥᠷᠥ ᠶ᠋ᠢ ᠪᠣᠰᠬᠠᠬᠤ ᠶᠠᠪᠤᠳᠠᠯ ᠢ᠋ ᠶᠡᠷᠦᠩᠬᠡᠢᠯᠡᠨ ᠰᠢᠢᠳᠬᠡᠬᠦ ᠭᠠᠵᠠᠷ ᠤ᠋ᠨ ᠲᠠᠪᠤᠨ ᠡᠷᠬᠢᠮ ᠭᠡᠰᠢᠭᠦᠨ ᠰᠠᠮ ᠨᠡᠢᠯᠡᠵᠦ᠂ ᠬᠦᠷᠢᠶᠡᠨ ᠡᠴᠡ ᠮᠠᠨᠵᠤ ᠠᠮᠪᠠᠨ ᠢ᠋ ᠬᠡᠷᠬᠢᠨ ᠬᠥᠭᠡᠭᠡᠨ ᠵᠠᠢᠯᠠᠭᠤᠯᠬᠤ ᠶ᠋ᠢ ᠬᠡᠯᠡᠯᠴᠡᠵᠡᠢ᠃ 
       ᠴᠢᠭᠢᠷᠠᠭ ᠵᠤᠵᠠᠭᠠᠨ ᠪᠡᠶ᠎ᠡ ᠲᠡᠢ ᠬᠠᠨᠳᠠ ᠸᠠᠩ ᠭᠠᠩᠰᠠ ᠪᠠᠨ ᠦᠨᠡᠰᠦᠨ ᠦ᠌ ᠮᠣᠳᠣᠨ ᠰᠠᠪᠠᠨ ᠳ᠋ᠤ᠌ ᠲᠣᠭᠰᠢᠭᠠᠳ᠂ ᠯᠤᠤᠪᠠᠩ ᠤ᠋ᠨ ᠬᠡᠯᠪᠡᠷᠢᠲᠡᠢ ᠤᠯᠠᠭᠠᠨ ᠯᠠ ᠶ᠋ᠢᠨ ᠰᠦᠮᠡᠯᠵᠡᠭᠰᠡᠨ ᠭᠡᠷᠡᠯ ᠳ᠋ᠦ᠍ ᠨᠥᠬᠥᠳ ᠦ᠋ᠨ ᠵᠦᠭ ᠬᠠᠷᠠᠵᠤ ᠥᠪᠡᠷ ᠦ᠋ᠨ ᠦᠭᠡ ᠶ᠋ᠢ ᠴᠢᠩᠨᠠᠬᠤ ᠮᠡᠲᠦ᠂ ᠨᠠᠮ ᠲᠠᠯᠪᠢᠭᠤᠨ ᠳᠠᠭᠤᠨ ᠢ᠋ᠶ᠋ᠠᠷ ᠥᠭᠦᠯᠡᠷᠦᠨ᠄
       — ᠰᠥᠰᠥ ᠶᠡᠬᠡᠲᠡᠢ ᠵᠠᠮᠪᠠ ᠲᠣᠢᠨ ᠭᠤᠸᠠᠢ ᠪᠠᠷ ᠤᠯᠠᠮᠵᠢᠯᠠᠵᠤ* ᠪᠢᠳᠡᠨ ᠦ᠌ ᠰᠠᠨᠳᠤ᠎ᠠ ᠠᠮᠪᠠᠨ ᠳ᠋ᠤ᠌ ᠰᠠᠮ ᠮᠡᠳᠡᠭᠳᠡᠭᠰᠡᠨ ᠪᠢᠴᠢᠭ᠂ ᠣᠳᠣᠬᠠᠨ ᠳᠡᠭᠡᠷ᠎ᠡ ᠲᠡᠭᠦᠨ ᠢ᠋ ᠬᠡᠯᠮᠡᠭᠳᠡᠭᠦᠯᠦᠭᠰᠡᠨ ᠰᠢᠨᠵᠢ ᠮᠡᠳᠡᠭᠳᠡᠬᠦ ᠦᠭᠡᠢ ᠠᠵᠢ᠃ 
       ᠠᠮᠪᠠᠨ ᠢ᠋ ᠦᠵᠡᠪᠡᠯ᠂ ᠶᠡᠷᠦ ᠠᠶᠤᠨ ᠰᠢᠷᠪᠡᠭᠡᠲᠦᠵᠦ ᠬᠦᠷᠢᠶᠡᠨ ᠡᠴᠡ ᠵᠠᠢᠯᠠᠬᠤ ᠰᠠᠨᠠᠭ᠎ᠠ ᠦᠭᠡᠢ᠃ ᠡᠭᠦᠨ ᠳ᠋ᠦ᠍᠂ ᠪᠢᠳᠡ ᠪᠠᠰᠠ ᠠᠷᠭ᠎ᠠ ᠬᠡᠷᠡᠭᠯᠡᠵᠦ᠂ ᠮᠠᠷᠭᠠᠰᠢ ᠥᠷᠯᠥᠭᠡ ᠳᠥᠷᠪᠡᠨ ᠠᠢᠮᠠᠭ ᠤ᠋ᠨ ᠪᠦᠬᠦ ᠵᠠᠰᠠᠭ ᠨᠣᠶᠠᠳ ᠤ᠋ᠨ ᠨᠡᠷ᠎ᠡ ᠬᠠᠮᠲᠤᠷᠠᠵᠤ ᠪᠢᠴᠢᠭ ᠶᠠᠪᠤᠭᠤᠯᠤᠨ᠂ ᠲᠤᠰ ᠳᠥᠷᠪᠡᠨ ᠠᠢᠮᠠᠭ ᠠ᠋ᠴᠠ ᠪᠡᠭᠡᠵᠢᠩ ᠳ᠋ᠦ᠍ ᠤᠲᠤᠭᠤᠯᠵᠤ᠂ ᠬᠠᠭᠠᠨ ᠤ᠋ ᠪᠡᠶ᠎ᠡ ᠶ᠋ᠢ ᠰᠠᠮᠠᠭᠤᠨ ᠲᠡᠷᠰᠯᠡᠭᠦᠦ ᠡᠲᠡᠭᠡᠳ ᠡᠴᠡ ᠬᠠᠮᠠᠭᠠᠯᠠᠬᠤ ᠳᠥᠷᠪᠡᠨ ᠮᠢᠩᠭᠠᠨ ᠴᠡᠷᠢᠭ ᠲᠦ᠍ ᠬᠡᠷᠡᠭᠯᠡᠬᠦ ᠬᠡᠷᠡᠭᠯᠡᠯ ᠵᠡᠪᠰᠡᠭ ᠶᠠᠭᠠᠷᠠᠪᠴᠢᠯᠠᠨ ᠣᠯᠭᠣᠨᠠᠤ? ᠭᠡᠵᠦ ᠨᠢᠭᠡ ᠰᠦᠷᠳᠡᠭᠦᠯᠦᠶ᠎ᠡ᠃ ᠠᠮᠪᠠᠨ᠂ ᠪᠢᠳᠡᠨ ᠳ᠋ᠦ᠍ ᠡᠢᠮᠦ ᠶᠡᠬᠡ ᠴᠡᠷᠢᠭ ᠪᠠᠢᠨ᠎ᠠ ᠭᠡᠵᠦ ᠠᠶᠤᠭ ᠭᠡᠬᠦ ᠳ᠋ᠦ᠍᠂ ᠳᠡ ᠯᠠᠮᠠ ᠰᠠᠢᠬᠠᠨ ᠦᠨᠦᠷ ᠲᠡᠢ ᠠᠭᠠᠷᠤ ᠽᠠᠨᠳᠠᠨ ᠡᠷᠢᠭᠡ ᠪᠡᠨ ᠲᠠᠲᠠᠵᠤ᠂  
       — ᠵᠠᠰᠠᠭ ᠨᠣᠶᠠᠳ ᠤ᠋ᠨ ᠡᠮᠦᠨ᠎ᠡ ᠡᠴᠡ ᠲᠥᠯᠥᠭᠡᠯᠡᠬᠦ ᠬᠥᠮᠦᠨ ᠢ᠋ᠶ᠋ᠡᠷ ᠠᠮᠪᠠᠨ ᠳ᠋ᠤ᠌ ᠲᠡᠷᠡ ᠵᠠᠬᠢᠳᠠᠯ ᠢ᠋ ᠪᠠᠷᠢᠭᠤᠯᠵᠤ᠂ ᠬᠠᠷᠢᠭᠤ ᠶ᠋ᠢ ᠭᠤᠷᠪᠠᠨ ᠴᠠᠭ ᠤ᠋ᠨ ᠳᠣᠲᠣᠷ᠎ᠠ ᠥᠭ ᠭᠡᠵᠦ ᠬᠤᠭᠤᠴᠠᠭ᠎ᠠ ᠲᠠᠯᠪᠢᠪᠠᠯ ᠵᠣᠬᠢᠨ᠎ᠠ ᠭᠡᠪᠡ᠃  
       — ᠲᠡᠭᠡᠭᠡᠳ᠂ ᠲᠡᠷᠡ ᠬᠤᠭᠤᠴᠠᠭᠠᠨ ᠳ᠋ᠤ᠌ ᠬᠠᠷᠢᠭᠤ ᠡᠰᠡ ᠥᠭᠪᠡᠯ᠂ ᠪᠢᠳᠡᠨ ᠳ᠋ᠦ᠍ ᠠᠮᠪᠠᠨ ᠢ᠋ ᠦᠯᠳᠡᠨ ᠬᠥᠭᠡᠭᠡᠬᠦ ᠰᠢᠯᠲᠠᠭᠠᠨ ᠪᠣᠢ ᠪᠣᠯᠤᠨ᠎ᠠ᠃ ᠲᠡᠷᠡ ᠴᠠᠭ ᠲᠤ᠌ ᠪᠢᠳᠡ᠂ ᠪᠣᠭᠳᠠ ᠶ᠋ᠢᠨ ᠵᠠᠷᠯᠢᠭ ᠢ᠋ᠶ᠋ᠠᠷ ᠠᠯᠢᠪᠠ ᠬᠡᠷᠡᠭ ᠢ᠋ ᠶᠡᠷᠦᠩᠬᠡᠢᠯᠡᠨ ᠰᠢᠢᠳᠬᠡᠬᠦ ᠲᠦᠷ ᠵᠠᠰᠠᠭ ᠤ᠋ᠨ ᠭᠠᠵᠠᠷ ᠪᠣᠯᠵᠤ᠂ ᠡᠷᠬᠡ ᠶ᠋ᠢ ᠪᠠᠷᠢᠪᠠᠯ ᠵᠣᠬᠢᠨ᠎ᠠ᠃ ᠡᠰᠡ ᠲᠡᠭᠡᠪᠡᠯ᠂ ᠠᠷᠠᠳ ᠣᠯᠠᠨ ᠭᠠᠷ ᠬᠥᠳᠡᠯᠵᠦ ᠰᠠᠮᠠᠭᠤᠨ ᠡᠭᠦᠰᠬᠡᠪᠡᠯ᠂ ᠤᠳᠤᠷᠢᠳᠬᠤ ᠶ᠋ᠢᠨ ᠣᠷᠣᠨ ᠳ᠋ᠤ᠌ ᠪᠢᠳᠡ ᠬᠠᠷᠢᠨ ᠰᠡᠭᠦᠯ ᠪᠠᠷᠢᠵᠤ ᠬᠣᠴᠣᠷᠬᠤ ᠳ᠋ᠤ᠌ ᠬᠦᠷᠴᠦ ᠪᠣᠯᠵᠣᠰᠢ ᠦᠭᠡᠢ ᠭᠡᠵᠦ ᠬᠠᠨᠳᠠ ᠸᠠᠩ ᠢ᠋ ᠬᠡᠯᠡᠲᠡᠯ᠎ᠡ᠂ ᠨᠠᠮᠰᠠᠷᠠᠢ ᠸᠠᠩ ᠠᠷᠢᠬᠢ ᠬᠠᠩᠬᠤᠯᠤᠨ᠂ 
       — ᠪᠢᠳᠡᠨ ᠦ᠌ ᠴᠣᠬᠣᠮ ᠬᠡᠨ ᠮᠠᠨᠢ᠂ ᠰᠠᠨᠳᠤ᠎ᠠ ᠳ᠋ᠤ᠌ ᠣᠴᠢᠳᠠᠭ ᠪᠢᠯᠡ? ᠭᠡᠪᠡ᠃ 
       — ᠳᠡ ᠯᠠᠮᠠ ᠪᠢᠳᠡ ᠬᠣᠶᠠᠷ᠂ ᠡᠨᠡ ᠤᠳᠠᠭ᠎ᠠ ᠬᠡᠷᠬᠢᠪᠡᠴᠦ ᠣᠴᠢᠵᠤ ᠪᠣᠯᠬᠤ ᠦᠭᠡᠢ᠂ ᠠᠮᠪᠠᠨ ᠪᠢᠳᠡ ᠬᠣᠶᠠᠷ ᠢ᠋ ᠰᠠᠨᠻᠲ᠋ᠫᠧᠲ᠋ᠧᠷᠪᠦ᠋ᠷᠡᠭ ᠬᠣᠲᠠ ᠣᠷᠣᠭᠰᠠᠨ ᠭᠡᠵᠦ ᠵᠠᠷᠭᠤᠯᠳᠤᠬᠤ ᠭᠡᠳ᠂ ᠴᠢᠭᠤᠯᠭᠠᠨ ᠤ᠋ ᠭᠠᠵᠠᠷ ᠲᠤᠯᠭᠠᠬᠤ ᠪᠠᠷᠢᠮᠲᠠ ᠦᠭᠡᠢ ᠲᠤᠯᠠ ᠪᠢᠳᠡ ᠬᠣᠶᠠᠷ ᠢ᠋ ᠲᠣᠳᠣᠷᠠᠪᠠᠨ ᠶᠡᠬᠡᠯ᠎ᠡ ᠬᠣᠷᠣᠰᠤᠨ ᠵᠠᠨᠤᠵᠠᠢ ᠭᠡᠬᠦ ᠳ᠋ᠦ᠍ᠨᠢ ᠨᠠᠮᠰᠠᠷᠠᠢ ᠸᠠᠩ ᠶᠠᠭᠠᠷᠠᠨ ᠲᠣᠰᠴᠤ ᠠᠪᠤᠭᠠᠳ᠂ 
       — ᠠᠮᠪᠠᠨ ᠳ᠋ᠤ᠌᠂ ᠵᠦᠢ ᠨᠢ ᠶᠡᠬᠡᠬᠡᠨ ᠲᠤᠰᠢᠶᠠᠯᠲᠠᠢ ᠬᠥᠮᠦᠨ ᠣᠴᠢᠪᠠᠯ ᠰᠦᠷᠲᠡᠢ ᠰᠠᠢᠬᠠᠨ ᠪᠣᠯᠤᠨ᠎ᠠ ᠭᠡᠪᠡᠯ ᠴᠠᠭᠳᠠᠷᠵᠠᠪ ᠢᠨᠢᠶᠡᠮᠰᠦᠭᠯᠡᠨ ᠥᠭᠦᠯᠡᠷᠦᠨ᠄
       — ᠸᠠᠩ ᠶᠧ ᠶ᠋ᠢᠨ ᠴᠣᠬᠣᠮ ᠰᠠᠨᠠᠭ᠎ᠠ ᠶ᠋ᠢ ᠣᠷᠴᠢᠭᠤᠯᠤᠨ ᠳᠡᠢᠯᠪᠡᠯ᠂ ᠪᠠᠷᠰ ᠤ᠋ᠨ ᠠᠮᠠᠨ ᠳ᠋ᠤ᠌ ᠨᠠᠮᠠᠶ᠋ᠢ ᠶᠤᠮ ᠤᠤ᠂ ᠵᠢᠱ᠌ᠢᠶᠡᠯᠡᠪᠡᠯ ᠄ ᠭᠣ᠊ ᠵᠠᠩᠵᠤᠨ ᠲᠠᠢ ᠣᠴᠢᠵᠤ ᠣᠷᠣ ᠭᠡᠵᠦ ᠪᠠᠢᠭ᠎ᠠ ᠶᠤᠮ ᠤᠤ ᠳᠠ? ᠶᠠᠭᠠᠬᠢᠬᠤ ᠪᠣᠢ᠂ ᠵᠠᠩᠵᠤᠨ ᠪᠢᠳᠡ ᠬᠣᠶᠠᠷ ᠬᠡᠳᠦᠢ ᠪᠠᠷᠰ ᠤ᠋ᠨ ᠠᠮᠠᠨ ᠳ᠋ᠤ᠌ ᠣᠷᠣᠪᠠᠴᠤ᠂ ᠲᠠᠢᠱᠠᠨ ᠠᠭᠤᠯᠠ ᠠᠳᠠᠯᠢ ᠠᠮᠤᠭᠤᠯᠠᠩ ᠪᠠᠢᠨ᠎ᠠ᠃ ᠬᠠᠷᠢᠨ᠂ ᠪᠢᠳᠡᠨ ᠦ᠌ ᠳᠠᠷᠠᠭ᠎ᠠ ᠡᠷᠬᠢᠮ ᠨᠠᠨ ᠸᠠᠩ ᠶᠧ᠂ ᠪᠣᠭᠳᠠ ᠶ᠋ᠢᠨ ᠠᠪᠤᠷᠠᠯ ᠢ᠋ᠶ᠋ᠠᠷ ᠶᠡᠬᠡ ᠬᠡᠷᠡᠭ ᠢ᠋ ᠲᠡᠭᠦᠰᠬᠡᠵᠦ᠂ ᠠᠮᠪᠠᠨ ᠳ᠋ᠤ᠌ ᠪᠠᠷᠠᠭᠠᠯᠠᠭᠪᠠᠯ ᠵᠣᠬᠢᠬᠤ ᠪᠢᠵᠡ᠃ ᠡᠷᠲᠡᠨ ᠦ᠌ ᠦᠭᠡᠨ ᠳ᠋ᠦ᠍ ᠡᠵᠡᠨ ᠦ᠌ ᠠᠯᠪᠠ ᠡᠭᠡᠯᠵᠢ ᠲᠡᠢ᠂ ᠬᠠᠭᠠᠨ ᠤ᠋ ᠠᠯᠪᠠ ᠬᠠᠯᠠᠭ᠎ᠠ ᠲᠠᠢ ᠭᠡᠳᠡᠭ ᠪᠢᠯᠡ ᠭᠡᠬᠦ ᠳ᠋ᠦ᠍ᠨᠢ ᠭᠣᠮᠪᠤᠰᠦ᠋ᠷᠦᠩ᠂ ᠥᠪᠡᠷ ᠦ᠋ᠨ ᠪᠡᠶ᠎ᠡ ᠶ᠋ᠢ ᠭᠣᠣᠯᠯᠠᠬᠤ ᠦᠭᠡᠢ᠂ ᠭᠠᠭᠴᠠᠬᠦ ᠲᠤᠰᠢᠶᠠᠯ ᠠᠬᠠᠮᠠᠳ ᠬᠥᠮᠦᠨ ᠦ᠌ ᠪᠠᠷᠠᠭ᠎ᠠ ᠪᠣᠯᠵᠤ ᠳᠠᠭᠠᠯᠳᠤᠨ ᠶᠠᠪᠤᠬᠤ ᠪᠣᠯᠤᠭᠰᠠᠨ ᠳ᠋ᠤ᠌ ᠪᠠᠶᠠᠷᠯᠠᠵᠤ᠂ ᠬᠡᠷᠡᠭ ᠪᠤᠷᠤᠭᠤᠳᠠᠪᠠᠯ ᠲᠦᠯᠬᠢᠨ ᠵᠠᠢᠯᠠᠬᠤ ᠬᠥᠮᠦᠨ ᠲᠡᠢ ᠪᠣᠯᠤᠯ᠎ᠠ ᠭᠡᠵᠦ ᠪᠣᠳᠣᠭᠠᠳ ᠢᠨᠢᠶᠡᠨ ᠥᠭᠦᠯᠡᠷᠦᠨ᠄ 
       — ᠴᠣᠬᠣᠮ ᠠ᠋! ᠨᠠᠨ ᠸᠠᠩ ᠶᠧ ᠶᠣᠰᠣᠲᠠᠢ ᠰᠡᠭᠦᠯᠴᠢ ᠶ᠋ᠢᠨ ᠲᠡᠮᠡᠭᠡᠨ ᠦ᠌ ᠠᠴᠢᠶ᠎ᠠ ᠬᠦᠨᠳᠦ ᠭᠡᠭᠴᠢ ᠪᠡᠷ ᠪᠣᠯᠬᠤ ᠨᠢ ᠰᠢᠪ ᠳᠡ ᠭᠡᠵᠡᠢ᠃ 
       ᠬᠣᠢᠲᠤ ᠡᠳᠦᠷ ᠨᠢ ᠬᠣᠣᠷᠲᠠᠨ ᠳᠠᠢᠰᠤᠨ ᠤ᠋ ᠬᠥᠨᠥᠭᠡᠯ ᠢ᠋ ᠳᠠᠷᠤᠵᠤ᠂ ᠤᠷᠲᠤ ᠨᠠᠰᠤᠯᠠᠬᠤ ᠶ᠋ᠢᠨ ᠬᠤᠲᠤᠭ ᠣᠷᠣᠰᠢᠭᠤᠯᠬᠤ ᠪᠣᠭᠳᠠ ᠭᠡᠭᠡᠬᠡᠨ ᠦ᠌ ᠠᠳᠢᠰᠯᠠᠭᠰᠠᠨ ᠮᠥᠩᠭᠥᠨ ᠭᠣᠣ ᠲᠠᠢ ᠪᠤᠷᠬᠠᠨ ᠢ᠋ᠶ᠋ᠠᠨ ᠡᠪᠦᠷ ᠲᠡᠭᠡᠨ ᠰᠠᠮ ᠲᠡᠮᠲᠡᠷᠢᠨ ᠵᠠᠯᠪᠠᠷᠢᠭᠰᠠᠭᠠᠷ ᠨᠠᠮᠰᠠᠷᠠᠢ ᠸᠠᠩ ᠢ᠋ ᠠᠮᠪᠠᠰ ᠤ᠋ᠨ ᠶᠠᠮᠤᠨ᠎ᠠ ᠬᠦᠷᠴᠦ ᠣᠴᠢᠬᠤ ᠦᠶᠡᠰ ᠨᠠᠷᠠ ᠬᠡᠯᠪᠡᠢᠵᠡᠢ᠃ 
       ᠲᠦᠰᠢᠮᠡᠯ ᠢᠷᠭᠡᠨ ᠡᠨᠳᠡ ᠮᠣᠷᠢᠨ ᠠ᠋ᠴᠠ ᠪᠠᠭᠤ! ᠭᠡᠰᠡᠨ ᠮᠠᠨᠵᠤ ᠮᠣᠩᠭᠣᠯ ᠬᠢᠲᠠᠳ ᠬᠠᠲᠠᠭᠤ ᠲᠤᠰᠢᠶᠠᠯ ᠤ᠋ᠨ ᠦᠭᠡ ᠦᠰᠦᠭᠲᠡᠢ ᠴᠢᠯᠠᠭᠤᠨ ᠬᠥᠰᠢᠶ᠎ᠡ ᠶ᠋ᠢᠨ ᠳᠡᠷᠭᠡᠳᠡ ᠬᠦᠷᠴᠦ ᠢᠷᠡᠭᠡᠳ᠂ ᠨᠠᠮᠰᠠᠷᠠᠢ ᠸᠠᠩ ᠶᠠᠭᠠᠷᠠᠨ ᠮᠣᠷᠢᠨ ᠠ᠋ᠴᠠ ᠪᠠᠭᠤᠵᠤ᠂ ᠮᠣᠷᠢ ᠶ᠋ᠢ ᠬᠢᠶ᠎ᠡ ᠳ᠋ᠦ᠍ ᠥᠭᠭᠦᠭᠡᠳ᠂ ᠠᠮᠪᠠᠰ ᠤ᠋ᠨ ᠶᠠᠮᠤᠨ ᠤ᠋ ᠵᠦᠭ ᠳᠡᠮᠡᠢ ᠯᠡ ᠶᠡᠬᠡᠮᠰᠦᠭ ᠳᠦᠷᠢᠮ ᠦᠵᠡᠭᠦᠯᠬᠦ ᠶ᠋ᠢ ᠤᠷᠤᠯᠳᠤᠨ ᠠᠯᠬᠤᠵᠤ᠂ ᠠᠮᠪᠠᠨ ᠳ᠋ᠤ᠌ ᠪᠠᠷᠠᠭᠠᠯᠠᠬᠤ ᠪᠠᠷ ᠣᠷᠣᠪᠠᠯ᠂ ᠰᠠᠨᠳᠤ᠎ᠠ ᠠᠮᠪᠠᠨ ᠪᠢᠷ ᠪᠠᠷᠢᠵᠤ᠂ ᠪᠢᠴᠢᠭ ᠦᠵᠡᠨ᠂ ᠶᠡᠬᠡ ᠯᠡ ᠵᠠᠪ ᠮᠠᠭᠤᠲᠠᠢ ᠶ᠋ᠢᠨ ᠳᠦᠷᠢᠮ ᠦᠵᠡᠭᠦᠯᠵᠦ᠂ 
       — ᠤᠯᠤᠰ ᠲᠥᠷᠥ ᠲᠦᠭᠰᠢᠭᠦᠷᠢᠲᠡᠢ ᠡᠨᠡ ᠴᠠᠭ ᠲᠤ᠌ ᠮᠢᠨᠦ ᠪᠡᠶ᠎ᠡ ᠶᠣᠰᠣᠯᠠᠯ ᠢ᠋ ᠳᠠᠭᠠᠬᠤ ᠠᠷᠭ᠎ᠠ ᠵᠠᠪ ᠦᠭᠡᠢ ᠪᠣᠯᠵᠤ ᠸᠠᠩ ᠶᠧ ᠶ᠋ᠢ ᠤᠭᠲᠤᠬᠤ ᠶᠣᠰᠣ ᠠᠯᠳᠠᠪᠠ᠃ ᠰᠠᠭᠤᠵᠤ ᠬᠠᠢᠷᠠᠯᠠ᠂ ᠡᠷᠬᠢᠮ ᠸᠠᠩ ᠶᠧ᠂ ᠨᠠᠮᠠᠶ᠋ᠢ(ᠨᠠᠮ᠎ᠠ ᠶ᠋ᠢ) ᠶᠠᠮᠠᠷ ᠮᠡᠷᠭᠡᠨ ᠰᠤᠷᠭᠠᠯ ᠢ᠋ᠶ᠋ᠠᠷ ᠭᠡᠢᠭᠦᠯᠬᠦ ᠶ᠋ᠢ ᠬᠦᠰᠡᠪᠡ? ᠭᠡᠵᠦ ᠠᠮᠪᠠᠨ ᠤ᠋ ᠠᠰᠠᠭᠤᠭᠰᠠᠨ ᠦᠭᠡ ᠳᠠᠭᠤᠨ ᠤ᠋ ᠪᠠᠢᠳᠠᠯ ᠳ᠋ᠤ᠌᠂ ᠪᠢᠲᠡᠭᠦᠦ ᠪᠡᠷ ᠶᠣᠵᠣᠯᠠᠨ ᠳᠠᠭᠠᠷᠢᠬᠤ ᠰᠡᠳᠦᠪ ᠪᠣᠢ ᠶ᠋ᠢ ᠮᠡᠳᠡᠭᠡᠳ᠂ ᠨᠠᠮᠰᠠᠷᠠᠢ ᠸᠠᠩ ᠲᠡᠪᠡᠳᠡᠨ ᠡᠮᠢᠶᠡᠵᠡᠢ᠃ ᠸᠠᠩ ᠤ᠋ᠨ ᠡᠮᠢᠶᠡᠭᠰᠡᠨ ᠢ᠋ ᠮᠡᠳᠡᠭᠡᠳ᠂ 
       — ᠪᠣᠳᠣᠪᠠᠯ᠂ ᠸᠠᠩ ᠶᠧ᠂ ᠥᠷᠯᠥᠭᠡ ᠶ᠋ᠢᠨ ᠨᠣᠶᠠᠳ ᠤ᠋ᠨ ᠪᠢᠴᠢᠭ ᠦ᠋ᠨ ᠬᠠᠷᠢᠭᠤ ᠭᠡᠵᠦ ᠮᠣᠷᠢᠯᠠᠨ ᠢᠷᠡᠭᠰᠡᠨ ᠪᠢᠵᠡ? ᠲᠠᠨ ᠤ᠋ ᠣᠯᠠᠨ ᠨᠣᠶᠠᠳ᠂ ᠡᠵᠡᠨ ᠬᠠᠭᠠᠨ ᠬᠤᠸᠠᠩᠳᠢ ᠶ᠋ᠢᠨ ᠪᠡᠶ᠎ᠡ ᠶ᠋ᠢ ᠬᠠᠮᠠᠭᠠᠯᠠᠬᠤ ᠬᠦᠰᠡᠯ ᠢᠯᠡᠷᠬᠡᠢᠯᠡᠭᠰᠡᠨ ᠨᠢ ᠰᠠᠢᠰᠢᠶᠠᠯᠲᠠᠢ ᠬᠡᠷᠡᠭ᠃ ᠭᠡᠪᠡᠴᠦ᠂ ᠡᠷᠢᠭᠡ᠂ ᠬᠦᠷᠳᠦᠨ ᠡᠴᠡ ᠥᠭᠡᠷ᠎ᠡ ᠶᠠᠭᠤᠮ᠎ᠠ ᠪᠠᠷᠢᠵᠤ ᠦᠵᠡᠭᠡ ᠦᠭᠡᠢ ᠳᠥᠷᠪᠡᠨ ᠮᠢᠩᠭᠠᠨ ᠰᠢᠨ᠎ᠡ ᠲᠠᠲᠠᠭᠰᠠᠨ ᠴᠡᠷᠢᠭ ᠭᠡᠭᠴᠢ ᠪᠡᠷ ᠡᠵᠡᠨ ᠦ᠌ ᠬᠠᠰ ᠲᠥᠷᠥ ᠶ᠋ᠢ ᠬᠠᠮᠠᠭᠠᠯᠠᠨ᠎ᠠ ᠭᠡᠵᠦ ᠪᠣᠳᠣᠬᠤ ᠳ᠋ᠤ᠌ ᠪᠠᠬᠠᠨ ᠢᠨᠢᠶᠡᠳᠦᠲᠡᠢ ᠬᠡᠷᠡᠭ᠃ ᠲᠩᠷᠢ ᠶ᠋ᠢᠨ ᠬᠥᠪᠡᠭᠦᠨ ᠲᠡᠢᠮᠦ ᠬᠠᠮᠠᠭᠠᠯᠠᠯ ᠢ᠋ ᠦᠯᠦ ᠬᠡᠷᠡᠭᠰᠡᠨ᠎ᠡ᠃ ᠲᠠ᠂ ᠸᠠᠩ ᠶᠧ᠂ ᠤᠴᠢᠷ ᠮᠡᠳᠡᠬᠦ ᠬᠥᠮᠦᠨ ᠪᠣᠳᠣᠵᠤ ᠦᠵᠡ᠃ ᠡᠢᠮᠦ ᠪᠠᠯᠴᠢᠷ ᠬᠡᠦᠬᠡᠳ ᠦ᠋ᠨ ᠵᠠᠬᠢᠳᠠᠯ ᠲᠠᠢ ᠠᠳᠠᠯᠢ ᠪᠢᠴᠢᠭ ᠲᠦ᠍ ᠬᠡᠳᠦᠢ ᠪᠡᠷ ᠲᠠᠨ ᠤ᠋ ᠪᠦᠬᠦ ᠨᠣᠶᠠᠳ ᠨᠡᠷ᠎ᠡ ᠬᠠᠮᠲᠤᠷᠠᠭᠰᠠᠨ ᠪᠣᠯᠪᠠᠴᠤ᠂ ᠲᠡᠭᠦᠨ ᠳ᠋ᠦ᠍ ᠬᠠᠷᠢᠭᠤ ᠥᠭᠬᠦ ᠶᠣᠰᠣ ᠪᠠᠢᠵᠤ ᠪᠣᠯᠬᠤ ᠤᠤ ᠳᠠ? ᠭᠡᠵᠦ ᠲᠡᠷᠡ ᠮᠠᠨᠵᠤ ᠠᠮᠪᠠᠨ ᠤ᠋ ᠥᠩᠭᠡᠨ ᠳ᠋ᠡᠭᠡᠨ ᠵᠥᠭᠡᠯᠡᠨ ᠡᠶᠡᠯᠳᠡᠭ ᠪᠣᠯᠪᠠᠴᠤ᠂ ᠴᠠᠭᠠᠨ᠎ᠠ ᠪᠠᠨ ᠳᠠᠭᠠᠷᠢᠨ ᠳᠣᠷᠣᠮᠵᠢᠯᠠᠬᠤ ᠲᠡᠷᠡ ᠦᠭᠡ ᠶ᠋ᠢ ᠰᠣᠨᠣᠰᠤᠭᠠᠳ᠂ ᠨᠠᠮᠰᠠᠷᠠᠢ ᠸᠠᠩ ᠤ᠋ᠨ ᠠᠭᠤᠷ ᠪᠠᠳᠠᠷᠠᠵᠤ᠂ 
       — ᠡᠷᠬᠢᠮ ᠰᠠᠢᠳ ᠲᠠᠨ ᠤ᠋ ᠪᠡᠶ᠎ᠡ ᠲᠡᠷᠡ ᠪᠢᠴᠢᠭ ᠲᠦ᠍ ᠬᠠᠷᠢᠭᠤ ᠥᠭᠬᠦ ᠦᠭᠡᠢ ᠪᠣᠯ ᠮᠠᠨ ᠤ᠋ ᠣᠯᠠᠨ ᠸᠠᠩ ᠬᠦᠩ᠂ ᠨᠠᠮᠠᠶ᠋ᠢ(ᠨᠠᠮ᠎ᠠ ᠶ᠋ᠢ) ᠶᠠᠪᠤᠭᠤᠯᠵᠤ ᠲᠠᠨ ᠳ᠋ᠤ᠌ ᠰᠣᠨᠣᠰᠬᠠᠬᠤ ᠭᠡᠰᠡᠨ ᠵᠦᠢᠯ ᠪᠣᠢ᠃ ᠮᠠᠨ ᠤ᠋ ᠮᠣᠩᠭᠣᠯᠴᠤᠳ ᠭᠠᠵᠠᠷ ᠣᠷᠣᠨ ᠳ᠋ᠠᠭᠠᠨ ᠡᠵᠡᠨ ᠪᠣᠯᠵᠤ᠂ ᠲᠤᠰᠠᠭᠠᠷ ᠲᠣᠭᠲᠠᠨᠢᠬᠤ ᠮᠣᠩᠭᠣᠯ ᠤᠯᠤᠰ ᠤ᠋ᠨ ᠬᠠᠭᠠᠨ ᠰᠢᠷᠡᠭᠡᠨ ᠳ᠋ᠦ᠍ ᠪᠣᠭᠳᠠ ᠵᠢᠪᠽᠦ᠋ᠨᠳᠠᠮᠪᠠ  ᠶ᠋ᠢᠨ ᠭᠡᠭᠡᠬᠡᠨ (ᠭᠡᠭᠡᠨ) ᠢ᠋ ᠡᠷᠭᠦᠨ ᠵᠠᠯᠠᠬᠤ ᠪᠠᠷ ᠨᠢᠭᠡᠨᠲᠡ ᠲᠣᠭᠲᠠᠵᠠᠢ᠃ 
       ᠭᠤᠷᠪᠠᠨ ᠬᠣᠨᠣᠭ ᠤ᠋ᠨ ᠳᠣᠲᠣᠷ᠎ᠠ ᠮᠠᠨᠠᠢ(ᠮᠠᠨ ᠤ᠋) ᠤᠯᠤᠰ ᠤ᠋ᠨ ᠳᠡᠪᠢᠰᠬᠡᠷ ᠡᠴᠡ ᠵᠠᠢᠯᠠᠬᠤ ᠬᠤᠭᠤᠴᠠᠭ᠎ᠠ ᠥᠭᠰᠦᠭᠡᠢ᠃  ᠮᠠᠨᠠᠢ(ᠮᠠᠨ ᠤ᠋) ᠥᠷᠲᠡᠭᠡ᠂ ᠲᠠᠨ ᠤ᠋ ᠮᠣᠷᠢᠯᠠᠨ ᠣᠳᠬᠤ ᠳ᠋ᠤ᠌ ᠪᠡᠯᠡᠨ ᠪᠠᠢᠭ᠎ᠠ ᠭᠡᠵᠦ ᠬᠡᠯᠡᠮᠡᠭᠴᠡ᠂ ᠰᠠᠨ ᠠᠮᠪᠠᠨ ᠰᠠᠨᠳᠤᠷᠤᠨ ᠲᠡᠪᠡᠳᠡᠵᠦ ᠤᠬᠤᠰᠬᠢᠨ ᠪᠣᠰᠤᠭᠠᠳ᠂ ᠵᠡᠭᠦᠭᠰᠡᠨ ᠤᠰᠤᠨ ᠪᠣᠯᠣᠷ ᠲᠣᠮᠣ ᠰᠢᠯ ᠢ᠋ᠶ᠋ᠡᠨ ᠨᠢᠭᠡ ᠠᠪᠴᠤ ᠨᠢᠭᠡ ᠵᠡᠭᠦᠭᠡᠳ ᠳᠠᠬᠢᠨ ᠰᠠᠭᠤᠵᠤ᠂ ᠤᠳᠠᠲᠠᠯ᠎ᠠ ᠦᠭᠡ ᠬᠡᠯᠡᠵᠦ ᠴᠢᠳᠠᠭᠰᠠᠨ ᠦᠭᠡᠢ᠁ ᠤᠷᠢᠳᠤ ᠨᠠᠮᠰᠠᠷᠠᠢ ᠸᠠᠩ ᠢ᠋ ᠣᠭᠲᠣ ᠥᠪᠡᠷ ᠦ᠋ᠨ ᠦᠵᠡᠯ ᠦᠭᠡᠢ ᠪᠥᠭᠡᠷᠡᠩᠬᠡᠢ ᠬᠥᠮᠦᠨ ᠭᠡᠵᠦ ᠮᠡᠳᠡᠳᠡᠭ ᠪᠠᠢᠭᠰᠠᠨ ᠢ᠋ᠶ᠋ᠠᠨ᠂ ᠣᠳᠣ ᠠᠮᠠ ᠠ᠋ᠴᠠ ᠨᠢ ᠲᠡᠢᠮᠦ ᠦᠭᠡ ᠭᠠᠷᠤᠭᠰᠠᠨ ᠳ᠋ᠤ᠌ ᠪᠠᠬᠠᠷᠳᠠᠨ ᠰᠣᠴᠢᠵᠠᠢ᠃ ᠨᠠᠨ ᠸᠠᠩ ᠲᠡᠷᠡ ᠪᠠᠢᠳᠠᠯ ᠢ᠋ ᠦᠵᠡᠵᠦ ᠵᠢᠷᠦᠬᠡ ᠣᠷᠣᠭᠠᠳ᠂ ᠶᠡᠬᠡᠷᠬᠡᠭ ᠳᠦᠷᠢᠮ(ᠳᠦᠷᠢ) ᠦᠵᠡᠭᠦᠯᠵᠦ ᠰᠠᠭᠤᠪᠠ᠃ ᠠᠮᠪᠠᠨ ᠪᠡᠶ᠎ᠡ ᠪᠡᠨ ᠪᠠᠷᠢᠵᠤ᠂ ᠰᠠᠨᠠᠭ᠎ᠠ ᠤᠬᠠᠭᠠᠨ ᠣᠷᠣᠵᠤ᠂ 
       — ᠣᠯᠠᠨ ᠸᠠᠩ ᠬᠦᠩ᠂ ᠨᠠᠳᠠ ᠳ᠋ᠤ᠌ ᠳᠤᠷ᠎ᠠ ᠦᠭᠡᠢ ᠪᠠᠢᠵᠤ ᠪᠣᠯᠤᠨ᠎ᠠ᠂ ᠨᠠᠮᠠᠶ᠋ᠢ(ᠨᠠᠮ᠎ᠠ ᠶ᠋ᠢ) ᠬᠥᠭᠡᠭᠡᠬᠦ ᠭᠡᠵᠦ ᠤᠷᠤᠯᠳᠤᠵᠤ ᠴᠤ᠌ ᠪᠣᠯᠤᠨ᠎ᠠ᠃  ᠭᠠᠭᠴᠠᠬᠦ (ᠭᠠᠭᠴᠠ ᠬᠦ᠌)ᠮᠣᠩᠭᠣᠯ ᠢ᠋ ᠶᠡᠬᠡ ᠳᠠᠢᠴᠢᠩ ᠤᠯᠤᠰ ᠠ᠋ᠴᠠ ᠲᠤᠰᠠᠭᠠᠷ ᠪᠣᠯᠭᠠᠨ᠎ᠠ ᠭᠡᠵᠦ᠁ ᠶᠠᠮᠠᠷ ᠠᠶᠤᠮᠰᠢᠭ ᠦᠭᠡᠢ ᠥᠭᠦᠯᠡᠪᠡ᠃ ᠮᠢᠨᠦ ᠮᠤᠩᠬᠠᠭᠯᠠᠪᠠᠰᠤ᠂ ᠡᠨᠡ ᠯᠠᠪ ᠭᠠᠳᠠᠭᠠᠳᠤ ᠠ᠋ᠴᠠ ᠬᠠᠳᠬᠠᠨ(ᠬᠠᠳᠬᠤᠨ) ᠦᠢᠮᠡᠭᠦᠯᠦᠭᠰᠡᠨ ᠰᠠᠨᠠᠭ᠎ᠠ᠃ ᠸᠠᠩ ᠶᠧ ᠶ᠋ᠢᠨ ᠰᠠᠢ᠍ᠢ(ᠰᠠᠶᠢ) ᠶ᠋ᠢᠨ ᠬᠡᠯᠡᠭᠰᠡᠨ ᠲᠡᠷᠡ ᠦᠭᠡ᠂ ᠶᠡᠬᠡ ᠳᠠᠢᠴᠢᠩ ᠤᠯᠤᠰ ᠤ᠋ᠨ ᠬᠠᠭᠠᠨ ᠬᠤᠸᠠᠩᠳᠢ ᠶ᠋ᠢᠨ ᠲᠩᠷᠢ ᠶ᠋ᠢᠨ ᠬᠡᠰᠢᠭ ᠢ᠋ ᠦᠶ᠎ᠡ ᠤᠯᠠᠷᠢᠨ ᠭᠥᠷᠳᠡᠭᠰᠡᠭᠡᠷ ᠢᠷᠡᠭᠰᠡᠨ ᠬᠥᠮᠦᠨ ᠦ᠌ ᠠᠮᠠᠨ ᠠ᠋ᠴᠠ ᠭᠠᠷᠤᠰᠢ ᠦᠭᠡᠢ ᠦᠭᠡ᠃ ᠣᠯᠠᠨ ᠸᠠᠩ ᠬᠦᠩ ᠲᠠ ᠪᠦᠬᠦᠨ ᠲᠡᠭᠡᠵᠦ ᠨᠢᠭᠡᠨ ᠴᠠᠭ ᠤ᠋ᠨ ᠡᠨᠳᠡᠭᠦᠷᠡᠯ ᠢ᠋ᠶ᠋ᠡᠷ ᠲᠣᠭᠲᠠᠭᠰᠠᠨ ᠠᠬᠤᠯ᠎ᠠ᠂ ᠲᠡᠷᠡᠬᠦ (ᠲᠡᠷᠡ ᠬᠦ᠌) ᠬᠥᠩᠭᠡᠨ ᠮᠥᠴᠢᠳ᠂ ᠬᠣᠣᠷ ᠬᠥᠨᠥᠭᠡᠯᠲᠡᠢ ᠰᠠᠨᠠᠯ ᠢ᠋ ᠡᠷᠬᠡᠪᠰᠢ ᠥᠭᠡᠷᠡᠴᠢᠯᠡᠬᠦ ᠠᠵᠢᠶᠠᠮᠤ ᠭᠡᠪᠡᠯ᠂ 
       — ᠮᠢᠨᠦ ᠪᠡᠶ᠎ᠡ ᠮᠠᠨᠠᠢ(ᠮᠠᠨ ᠤ᠋) ᠲᠦᠷ ᠵᠠᠰᠠᠭ ᠤ᠋ᠨ ᠭᠠᠵᠠᠷ ᠤ᠋ᠨ ᠲᠣᠭᠲᠠᠭᠠᠭᠰᠠᠨ ᠢ᠋ ᠰᠣᠨᠣᠰᠬᠠᠬᠤ ᠭᠡᠵᠦ ᠢᠷᠡᠭᠰᠡᠨ ᠡᠴᠡ ᠪᠢᠰᠢ᠂ ᠲᠡᠭᠦᠨ ᠦ᠌ ᠵᠥᠪ ᠪᠤᠷᠤᠭᠤ ᠶ᠋ᠢ ᠲᠠᠨ ᠲᠠᠢ ᠰᠢᠭᠦᠮᠵᠢᠯᠡᠬᠦ ᠭᠡᠵᠦ ᠢᠷᠡᠭᠰᠡᠨ ᠬᠡᠷᠡᠭ ᠪᠢᠰᠢ᠃ ᠳᠠᠢᠴᠢᠩ ᠤᠯᠤᠰ ᠲᠤ᠌ ᠶᠠᠮᠠᠷ ᠴᠤ᠌ ᠡᠭᠦᠷᠭᠡ ᠬᠣᠯᠪᠣᠭᠳᠠᠯ ᠦᠭᠡᠢ ᠪᠣᠯᠤᠭᠰᠠᠨ᠂ ᠲᠤᠰ ᠤᠯᠤᠰ ᠤ᠋ᠨ ᠵᠠᠰᠠᠭ ᠤ᠋ᠨ ᠭᠠᠵᠠᠷ ᠠ᠋ᠴᠠ ᠲᠠᠨ ᠤ᠋ ᠪᠡᠶ᠎ᠡ ᠶ᠋ᠢ ᠠᠯᠪᠠᠨ ᠲᠤᠰᠢᠶᠠᠯ ᠠ᠋ᠴᠠ ᠤᠭᠴᠠᠷᠠᠭᠤᠯᠪᠠ(ᠣᠭᠴᠣᠷᠠᠭᠤᠯᠪᠠ) ᠭᠡᠵᠦ ᠬᠠᠷᠢᠶᠠᠲᠤ ᠲᠦᠰᠢᠮᠡᠳ ᠲᠦ᠍ ᠪᠡᠨ ᠰᠣᠨᠣᠰᠬᠠᠨᠠᠤ(ᠰᠣᠨᠣᠰᠬᠠᠨ᠎ᠠ ᠤᠤ)? ᠪᠠᠰᠠ ᠲᠠᠨ ᠤ᠋ ᠴᠡᠷᠢᠭ ᠡᠰᠡᠷᠭᠦᠴᠡᠨ ᠪᠠᠢᠯᠳᠤᠪᠠᠯ᠂ ᠲᠠᠨ ᠤ᠋ ᠪᠡᠶ᠎ᠡ ᠳ᠋ᠦ᠍ ᠬᠣᠣᠷ ᠬᠣᠬᠢᠷᠠᠯ ᠤᠴᠠᠷᠠᠬᠤ ᠠ᠋ᠴᠠ ᠥᠭᠡᠷ᠎ᠡ ᠠᠰᠢᠭ ᠦᠭᠡᠢ ᠲᠤᠯᠠ᠂ ᠴᠡᠷᠢᠭ ᠲᠡᠭᠡᠨ ᠵᠡᠪᠰᠡᠭ ᠢ᠋ ᠬᠤᠷᠳᠤᠨ ᠬᠤᠷᠢᠶᠠᠯᠭ᠎ᠠ ᠭᠡᠵᠦ ᠲᠤᠰᠢᠶᠠᠮᠤ ᠭᠡᠵᠦ ᠡᠷᠬᠢᠮᠰᠦᠭ ᠰᠦᠷ ᠦᠵᠡᠭᠦᠯᠵᠦ ᠬᠡᠯᠡᠭᠡᠳ᠂ ᠨᠠᠮᠰᠠᠷᠠᠢ ᠸᠠᠩ ᠢ᠋ ᠪᠣᠰᠴᠤ᠂ ᠶᠠᠭᠠᠷᠠᠯ ᠦᠭᠡᠢ ᠨᠠᠢᠭᠤᠨ ᠠᠯᠬᠤᠭᠰᠠᠭᠠᠷ ᠭᠠᠷᠴᠤ ᠣᠳᠤᠭᠰᠠᠨ ᠳ᠋ᠤ᠌ ᠰᠠᠨᠳᠤᠷᠤᠨ ᠲᠡᠪᠡᠳᠡᠭᠰᠡᠨ ᠠᠮᠪᠠᠨ᠂ ᠲᠦᠰᠢᠯᠭᠡᠲᠦ ᠰᠠᠨᠳᠠᠯᠢ ᠳᠡᠭᠡᠷ᠎ᠡ ᠪᠡᠨ ᠥᠴᠦᠬᠡᠨ ᠴᠦ᠍ ᠬᠥᠳᠡᠯᠬᠦ ᠲᠡᠩᠬᠡᠭᠡ ᠦᠭᠡᠢ᠂ ᠪᠠᠬᠠᠷᠳᠠᠨ ᠠᠯᠮᠠᠢᠷᠠᠵᠤ ᠳᠡᠮᠡᠢ ᠯᠡ ᠬᠣᠢᠨᠠᠴᠠ ᠨᠢ ᠪᠦᠯᠲᠡᠢᠨ ᠰᠢᠷᠲᠡᠭᠰᠡᠭᠡᠷ ᠬᠣᠴᠣᠷᠪᠠ᠃ ᠰᠠᠨᠳᠤ᠎ᠡ ᠠᠮᠪᠠᠨ᠂ ᠤᠷᠢᠳᠤ ᠯᠠᠮᠠ ᠨᠠᠷ ᠲᠤ᠌ ᠰᠡᠦᠬᠡ ᠲᠡᠷᠭᠡ ᠪᠡᠨ ᠴᠢᠯᠠᠭᠤᠳᠠᠭᠤᠯᠵᠤ᠂ ᠬᠦᠷᠢᠶᠡᠨ ᠦ᠌ ᠬᠢᠨ ᠡᠴᠡ᠂ ᠢᠯᠠᠩᠭᠤᠶ᠎ᠠ ᠯᠠᠮᠠ ᠨᠠᠷ ᠠ᠋ᠴᠠ ᠵᠢᠪᠡᠭᠦᠴᠡᠨ ᠠᠶᠤᠳᠠᠭ ᠪᠣᠯᠤᠭᠰᠠᠨ ᠲᠤᠯᠠ᠂ ᠬᠡᠷᠡᠭ ᠶᠠᠪᠤᠳᠠᠯ ᠨᠢᠭᠡᠨᠲᠡ ᠡᠢᠮᠦ ᠪᠣᠯᠤᠭᠰᠠᠨ ᠳ᠋ᠤ᠌ ᠪᠦᠷ ᠴᠦ᠍ ᠬᠣᠯᠴᠠᠢᠵᠤ᠂ ᠦᠳᠡᠰᠢ ᠲᠡᠰᠢ ᠣᠷᠣᠰ ᠺᠣᠨ᠋ᠰᠤᠯ ᠳ᠋ᠤ᠌ ᠭᠡᠷ ᠬᠣᠲᠠᠯᠠᠭᠠᠷ ᠤ᠋ᠨ ᠬᠠᠮᠲᠤ ᠤᠨᠳᠤᠢ ᠰᠤᠨᠳᠤᠢ ᠨᠡᠭᠦᠵᠦ ᠵᠠᠢᠯᠠᠪᠠ᠃  
       ᠬᠣᠢᠲᠤ ᠡᠳᠦᠷ ᠨᠢ ᠬᠦᠷᠢᠶᠡᠨ ᠦ᠌ ᠭᠤᠳᠤᠮᠵᠢ ᠲᠠᠯᠠᠪᠠᠢ᠂ ᠵᠠᠬ᠎ᠠ ᠵᠡᠭᠡᠯᠢ ᠶ᠋ᠢᠨ ᠭᠠᠵᠠᠷ᠂ ᠬᠥᠮᠦᠨ ᠠᠮᠢᠲᠠᠨ ᠶᠡᠬᠡᠯ᠎ᠡ ᠬᠥᠯ ᠲᠡᠢ ᠬᠥᠬᠡᠭᠦᠨ ᠪᠣᠯᠵᠤ᠂ ᠰᠠᠨ ᠠᠮᠪᠠᠨ ᠤ᠋ ᠲᠤᠰᠢᠶᠠᠯ ᠢ᠋ᠶ᠋ᠠᠷ ᠥᠨᠥᠳᠥᠷ ᠱᠣᠩ ᠮᠣᠳᠣᠨ ᠳ᠋ᠤ᠌ ᠬᠠᠲᠠᠭᠰᠠᠨ ᠳ᠋ᠧᠩᠯᠦ ᠶ᠋ᠢ ᠬᠢᠲᠠᠳ ᠤ᠋ᠨ ᠥᠷᠭᠡᠨ ᠴᠢᠯᠥᠭᠡ ᠵᠡᠷᠭᠡ ᠭᠤᠳᠤᠮᠵᠢ ᠵᠡᠭᠡᠯᠢ ᠶ᠋ᠢᠨ ᠭᠠᠵᠠᠷ ᠪᠠᠭᠠᠴᠤᠳ ᠬᠡᠦᠬᠡᠳ ᠪᠤᠵᠢᠭᠢᠨᠠᠨ ᠴᠢᠯᠠᠭᠤᠳᠠᠵᠤ᠂ ᠬᠠᠭ᠎ᠠ ᠴᠣᠬᠢᠯᠠᠨ ᠡᠪᠳᠡᠯᠪᠡ᠃ ᠣᠯᠠᠨ ᠠᠮᠢᠲᠠᠨ᠂ ᠬᠠᠮᠤᠭ ᠶᠠᠭᠤᠮ᠎ᠠ ᠪᠠᠨ ᠬᠠᠶᠠᠵᠤ ᠵᠠᠢᠯᠠᠭᠰᠠᠨ ᠬᠣᠪᠳᠣᠭ ᠰᠢᠨᠤᠬᠠᠢ ᠮᠥᠩᠭᠥ ᠬᠦᠦᠯᠡᠭᠴᠢ ᠳ᠋ᠠᠩᠵᠢᠶᠠᠳᠠ ᠨᠠᠷ ᠤ᠋ᠨ ᠫᠦᠰᠡ ᠶ᠋ᠢᠨ ᠵᠦᠭ᠂ ᠥᠷᠢ ᠰᠢᠷᠢ ᠶ᠋ᠢᠨ ᠳᠠᠩᠰᠠ ᠶ᠋ᠢ ᠤᠷᠠᠵᠤ ᠲᠠᠰᠤᠳᠠᠨ ᠦᠷᠡᠬᠦ ᠭᠡᠵᠦ ᠬᠥᠯ ᠲᠡᠢ ᠨᠢ ᠬᠥᠯᠬᠢᠵᠦ᠂ ᠬᠥᠯ ᠦᠭᠡᠢ ᠨᠢ ᠮᠥᠯᠬᠥᠨ ᠲᠡᠮᠡᠴᠡᠪᠡ᠃ ᠮᠠᠨᠵᠤ ᠠᠮᠪᠠᠨ ᠢ᠋ ᠬᠥᠭᠡᠭᠡᠨ ᠵᠠᠢᠯᠠᠭᠤᠯᠵᠤ᠂ ᠮᠣᠩᠭᠣᠯᠴᠤᠳ ᠲᠠᠢᠴᠢᠩ ᠤᠯᠤᠰ ᠠ᠋ᠴᠠ ᠡᠭᠦᠷᠢᠳᠡ ᠰᠠᠯᠪᠠ ᠭᠡᠵᠦ ᠬᠢᠲᠠᠳ ᠫᠦᠰᠡ ᠶ᠋ᠢᠨ ᠬᠠᠭᠠᠯᠭᠠᠨ ᠳ᠋ᠤ᠌ ᠨᠠᠭᠠᠯᠳᠤᠭᠤᠯᠤᠭᠰᠠᠨ ᠵᠠᠷᠯᠠᠯ ᠢ᠋ ᠤᠯᠤᠰ ᠠᠮᠢᠲᠠᠨ ᠣᠪᠣᠭᠠᠷᠠᠯᠳᠤᠨ ᠤᠩᠰᠢᠵᠤ᠂ ᠲᠠᠩᠰᠤᠭ ᠲᠠᠪᠤᠨ ᠥᠩᠭᠡ ᠶ᠋ᠢᠨ ᠳᠡᠪᠡᠯ ᠲᠡᠢ ᠡᠷᠡᠭᠲᠡᠢ ᠡᠮᠡᠭᠲᠡᠢ ᠬᠥᠮᠦᠨ᠂ ᠮᠣᠷᠢ ᠨᠠᠢᠬᠠᠨ ᠬᠠᠷ᠎ᠠ ᠬᠤᠷᠳᠤ ᠪᠠᠷ᠂ ᠶᠡᠬᠡᠯ᠎ᠡ ᠪᠠᠶᠠᠷ ᠬᠥᠷ ᠪᠣᠯᠵᠤ᠂ ᠨᠠᠰᠢ ᠴᠠᠰᠢ ᠳᠠᠪᠬᠢᠯᠳᠤᠪᠠ᠃ ᠮᠣᠷᠢᠲᠠᠢ ᠶᠠᠪᠠᠭᠠᠨ ᠬᠥᠮᠦᠨ ᠬᠤᠭᠤᠷᠴᠢ ᠨᠠᠷ ᠢ᠋ ᠲᠣᠭᠣᠷᠢᠨ ᠬᠦᠷᠢᠶᠡᠯᠡᠵᠦ᠂ ᠡᠪᠦᠷ ᠳᠡᠭᠡᠷ᠎ᠡ ᠨᠢ ᠵᠣᠭᠣᠰ ᠮᠥᠩᠭᠥ ᠬᠠᠩᠭᠢᠷ ᠵᠢᠩᠭᠢᠷ ᠬᠠᠶᠠᠵᠠᠭᠠᠨ᠂ ᠪᠤᠶᠠᠨ ᠢ᠋ᠶ᠋ᠠᠨ ᠪᠠᠷᠠᠭᠰᠠᠨ ᠊ ᠰᠠᠨ ᠠᠮᠪᠠᠨ ᠢ᠋ ᠪᠤᠯᠭᠤ ᠴᠣᠬᠢᠭᠤᠯᠤᠭᠰᠠᠨ ᠦᠮᠡᠬᠡᠢ ᠳ᠋ᠧᠩᠯᠦ ᠶ᠋ᠢ ᠨᠢ ᠬᠣᠱᠣᠩᠨᠠᠨ ᠬᠤᠭᠤᠷᠳᠠᠬᠤ ᠳ᠋ᠤ᠌ ᠡᠯᠢᠭᠡ ᠪᠡᠨ ᠬᠥᠰᠢᠲᠡᠯ᠎ᠡ ᠢᠨᠢᠶᠡᠯᠴᠡᠨ ᠪᠠᠬᠠᠳᠤᠪᠠ᠃ ᠬᠦᠷᠢᠶᠡᠨ ᠦ᠌ ᠣᠯᠠᠨ ᠭᠤᠢᠯᠢᠨᠴᠢᠨ ᠢᠨᠢᠶᠡᠳᠦ ᠬᠠᠨᠢᠶᠠᠳᠤ ᠪᠣᠯᠵᠤ᠂ ᠱᠣᠭ ᠲᠠᠢ ᠬᠣᠱᠣᠩ ᠦᠭᠡ ᠬᠡᠯᠡᠯᠴᠡᠨ᠂ ᠪᠦᠯᠦᠭ ᠪᠦᠯᠦᠭ ᠢ᠋ᠶ᠋ᠡᠷ ᠨᠡᠢᠯᠡᠵᠦ᠂ ᠬᠢᠲᠠᠳ ᠫᠦᠰᠡ ᠶ᠋ᠢ ᠳᠠᠷᠠᠭᠠᠯᠠᠨ ᠡᠷᠭᠢᠪᠡ᠃ ᠮᠥᠩᠭᠥ ᠬᠦᠦᠯᠡᠵᠦ ᠠᠮᠢᠲᠠᠨ ᠢ᠋ ᠮᠥᠯᠵᠢᠳᠡᠭ ᠬᠡᠳᠦᠨ ᠫᠦᠰᠡ ᠶ᠋ᠢ ᠲᠠᠯᠠᠭᠰᠠᠨ ᠴᠢᠮᠡᠭᠡ ᠰᠣᠨᠣᠰᠤᠭᠰᠠᠨ ᠨᠢᠬᠠᠨ* ᠫᠦᠰᠡ ᠶ᠋ᠢᠨ ᠶᠡᠬᠡ ᠵᠠᠩ ᠲᠠᠢ ᠳ᠋ᠠᠩᠵᠢᠶᠠᠳᠠ ᠨᠠᠷ᠂ ᠲᠡᠷᠡ ᠡᠳᠦᠷ ᠶᠡᠬᠡᠯ᠎ᠡ ᠡᠶᠡᠯᠳᠡᠭ ᠨᠠᠢᠷᠲᠠᠢ ᠰᠠᠢᠬᠠᠨ ᠨᠠᠮ ᠵᠠᠩ ᠲᠠᠢ ᠪᠣᠯᠵᠤ᠂ ᠠᠪᠬᠤ ᠭᠠᠷ ᠨᠢ ᠠᠭᠰᠢᠵᠤ ᠥᠭᠯᠢᠭᠡ ᠥᠭᠬᠦ ᠭᠠᠷ ᠨᠢ ᠰᠣᠨᠣᠵᠤ(ᠰᠤᠨᠵᠤ) ᠪᠢᠯᠡ᠃ 
       ᠠᠮᠪᠠᠰ ᠤ᠋ᠨ ᠶᠠᠮᠤᠨ ᠤ᠋ ᠡᠭᠦᠳᠡᠨ ᠳ᠋ᠦ᠍ ᠤᠯᠤᠰ ᠠᠮᠢᠲᠠᠨ ᠣᠪᠣᠭᠠᠷᠠᠯᠳᠤᠨ ᠴᠤᠭᠯᠠᠭᠠᠳ᠂ ᠬᠠᠨᠲᠠᠰᠤᠨ ᠤ᠋ ᠠᠷᠤ ᠥᠪᠥᠷ ᠲᠦ᠍ ᠪᠢᠴᠢᠭ ᠲᠡᠢ ᠮᠣᠩᠭᠣᠯ ᠴᠠᠭᠳᠠᠭ᠎ᠠ᠂ ᠠᠯᠪᠠᠨ ᠵᠢᠰᠢᠶᠠᠨ ᠤ᠋ ᠭᠠᠵᠠᠷ ᠤ᠋ᠨ ᠵᠠᠷᠤᠯᠭ᠎ᠠ ᠲᠠᠬᠠᠷ᠂ ᠤᠷᠢᠳ ᠡᠳᠦᠷ ᠲᠣᠭᠰᠢᠨ ᠰᠦᠷᠲᠦ ᠮᠠᠨᠵᠤ ᠲᠦᠰᠢᠮᠡᠯ ᠰᠢᠭᠤᠪᠠᠩ ᠤ᠋ᠨ ᠡᠮᠦᠨ᠎ᠡ ᠠᠶᠤᠨ ᠡᠮᠢᠶᠡᠵᠦ ᠪᠠᠢᠭᠰᠠᠨ ᠨᠢ᠂ ᠰᠦᠷ ᠰᠦᠯᠳᠡ ᠨᠢ ᠪᠠᠭᠤᠷᠠᠨ ᠶᠡᠬᠡᠯ᠎ᠡ ᠨᠣᠮᠣᠬᠠᠨ ᠳᠦᠷᠢ ᠲᠡᠢ ᠪᠣᠯᠤᠭᠰᠠᠨ ᠮᠠᠨᠵᠤ ᠨᠣᠶᠠᠳ ᠡᠵᠡᠳ ᠢ᠋ᠶ᠋ᠡᠨ ᠣᠷᠣᠨ ᠰᠠᠭᠤᠴᠠ ᠠ᠋ᠴᠠ ᠨᠢ ᠵᠠᠢᠯᠠᠭᠤᠯᠵᠤ ᠪᠠᠢᠭ᠎ᠠ ᠶ᠋ᠢ ᠪᠠᠬᠠᠳᠤᠨ ᠬᠠᠷᠠᠵᠤ᠂ ᠮᠠᠭᠤ ᠰᠦᠷ ᠨᠢ ᠬᠡᠳᠦᠢᠨ ᠳᠠᠷᠤᠭᠳᠠᠭᠠᠳ᠂ ᠸᠠᠳᠠᠩ ᠸᠠᠳᠠᠩ ᠢ᠋ᠶ᠋ᠠᠷ ᠨᠣᠪᠰᠢ ᠨᠣᠣᠬᠠᠢ ᠪᠠᠨ ᠡᠭᠦᠷᠴᠦ᠂ ᠲᠦᠭᠦᠬᠡᠢ ᠰᠢᠷᠢ ᠪᠡᠷ ᠰᠢᠷᠢᠯᠡᠭᠰᠡᠨ ᠮᠣᠳᠣᠨ ᠠᠪᠳᠠᠷ᠎ᠠ ᠬᠠᠢᠷᠴᠠᠭ ᠲᠠᠢ ᠶᠠᠭᠤᠮ᠎ᠠ ᠪᠠᠨ ᠡᠯᠵᠢᠭᠡ ᠯᠠᠭᠤᠰᠠ ᠬᠥᠯᠦᠭᠰᠡᠨ ᠶᠡᠬᠡ ᠲᠡᠷᠭᠡᠨ ᠳ᠋ᠦ᠍ ᠠᠴᠢᠵᠤ ᠪᠠᠢᠭ᠎ᠠ ᠶ᠋ᠢ ᠰᠣᠨᠢᠷᠬᠠᠨ ᠬᠠᠷᠠᠵᠠᠭᠠᠵᠤ ᠪᠠᠢᠪᠠ᠃ 
       — ᠬᠠᠷᠠᠪᠠᠤ᠂ ᠡᠨᠡ ᠭᠠᠵᠠᠷ ᠢᠷᠡᠭᠡᠳ ᠡᠢᠮᠦ ᠶᠡᠬᠡ ᠶᠠᠭᠤᠮ᠎ᠠ ᠲᠠᠢ ᠪᠣᠯᠵᠠᠢ᠃ ᠡᠨᠡ ᠵᠣᠯᠢᠭ ᠤ᠋ᠨ ᠬᠠᠷ᠎ᠠ ᠮᠠᠨᠵᠤ ᠨᠠᠷ᠂ ᠠᠩᠬ᠎ᠠ ᠢᠷᠡᠬᠦ ᠳ᠋ᠡᠭᠡᠨ᠂ ᠯᠠᠪ ᠮᠠᠢᠵᠢᠭᠢ ᠱᠠᠬᠠᠢ ᠲᠠᠢ ᠢᠷᠡᠭᠰᠡᠨ ᠪᠠᠢᠯ ᠦᠭᠡᠢ ᠳᠡ᠂ ᠲᠦᠢ! — ᠭᠡᠵᠦ ᠨᠢᠭᠡ ᠡᠪᠦᠭᠡᠨ᠂ ᠲᠣᠮᠣ ᠭᠡᠭᠴᠢ ᠶ᠋ᠢᠨ ᠪᠣᠭᠣᠳᠠᠯᠲᠠᠢ ᠶᠠᠭᠤᠮ᠎ᠠ ᠶ᠋ᠢ ᠠᠷᠠᠢ ᠴᠤᠤ ᠭᠡᠵᠦ ᠪᠦᠳᠦᠭᠦᠨ ᠮᠠᠨᠵᠤ ᠡᠬᠡᠨᠡᠷ ᠲᠡᠢ ᠡᠯᠪᠡᠵᠦ ᠳᠠᠮᠵᠢᠯᠠᠵᠤ ᠶᠠᠪᠤᠭᠰᠠᠨ ᠪᠦᠳᠦᠭᠦᠨ ᠭᠡᠳᠡᠰᠦᠲᠡᠢ ᠲᠠᠷᠭᠤᠨ ᠮᠠᠨᠵᠤ ᠲᠦᠰᠢᠮᠡᠯ ᠢ᠋ ᠬᠠᠷᠠᠭᠠᠳ ᠨᠤᠯᠮᠤᠵᠠᠢ᠃ ᠡᠪᠦᠭᠡᠨ ᠢ᠋ ᠨᠤᠯᠮᠤᠬᠤ ᠳ᠋ᠤ᠌᠂ ᠲᠡᠷᠡ ᠲᠠᠷᠭᠤᠨ ᠮᠠᠨᠵᠤ ᠰᠣᠴᠢᠨ ᠡᠮᠢᠶᠡᠵᠦ᠂ ᠶᠡᠬᠡᠯ᠎ᠡ ᠵᠢᠰᠤᠷᠳᠠᠨ ᠪᠢᠯᠳᠠᠤᠴᠢᠯᠠᠬᠤ ᠪᠠᠢᠳᠠᠯ ᠲᠠᠢ ᠢᠨᠢᠶᠡᠮᠰᠦᠭᠯᠡᠪᠡ᠃ ᠭᠡᠨᠡᠳᠲᠡ ᠣᠯᠠᠨ ᠤ᠋ ᠳᠣᠲᠣᠷ᠎ᠠ ᠠ᠋ᠴᠠ ᠬᠥᠳᠡᠭᠡ ᠶ᠋ᠢᠨ ᠨᠢᠭᠡ ᠡᠪᠦᠭᠡᠨ ᠵᠢᠳᠬᠦᠨ ᠭᠠᠷᠴᠤ ᠢᠷᠡᠭᠡᠳ᠂ ᠲᠡᠷᠡ ᠪᠦᠳᠦᠭᠦᠨ ᠮᠠᠨᠵᠤ ᠶ᠋ᠢᠨ ᠡᠮᠦᠨ᠎ᠡ ᠰᠥᠭᠥᠳᠦᠨ ᠶᠣᠰᠣᠯᠠᠵᠤ᠂ ᠭᠠᠢᠬᠠᠭᠰᠠᠨ ᠮᠠᠨᠵᠤ ᠲᠦᠰᠢᠮᠡᠯ ᠳ᠋ᠦ᠍᠂ 
       — ᠨᠣᠶᠠᠨ᠂ ᠪᠢ ᠲᠣᠭᠲᠠᠭᠰᠠᠨ ᠲᠣᠭ᠎ᠠ ᠶᠣᠰᠣ ᠪᠠᠷ ᠪᠠᠩᠵᠠᠳᠠᠭᠤᠯᠬᠤ ᠪᠠᠷ ᠢᠷᠡᠯ᠎ᠡ ᠭᠡᠵᠦ ᠬᠡᠯᠡᠵᠡᠢ᠃ 
       — ᠣᠳᠣ᠂ ᠴᠢ ᠮᠣᠩᠭᠣᠯ ᠨᠣᠶᠠᠳ ᠢ᠋ᠶ᠋ᠠᠷ ᠢ᠋ᠶ᠋ᠠᠨ ᠪᠠᠩᠵᠠᠳᠠᠭᠤᠯ ᠳᠠ ᠭᠡᠵᠦ ᠶᠣᠵᠣᠲᠠᠢ ᠪᠠᠷ ᠲᠡᠷᠡ ᠮᠠᠨᠵᠤ ᠲᠦᠰᠢᠮᠡᠯ ᠢ᠋ ᠳᠠᠭᠤᠨ ᠭᠠᠷᠬᠤ ᠳ᠋ᠤ᠌᠂ ᠣᠯᠠᠨ ᠠᠮᠢᠲᠠᠨ ᠬᠣᠷᠣᠰᠤᠨ ᠱᠤᠤᠭᠢᠯᠳᠤᠪᠠ᠃ ᠬᠥᠳᠡᠭᠡ ᠶ᠋ᠢᠨ ᠲᠡᠷᠡ ᠡᠪᠦᠭᠡᠨ᠂ ᠣᠯᠠᠨ ᠤ᠋ ᠵᠦᠭ ᠡᠷᠭᠢᠵᠦ᠂ ᠤᠴᠢᠷ ᠢ᠋ᠶ᠋ᠠᠨ ᠭᠠᠷᠭᠠᠵᠤ ᠬᠡᠯᠡᠭᠰᠡᠨ ᠨᠢ᠂ 
       — ᠪᠢ᠂ ᠵᠤᠨ ᠠᠯᠪᠠ ᠵᠠᠯᠭᠠᠭᠤᠯᠵᠤ ᠴᠢᠳᠠᠭᠰᠠᠨ ᠦᠭᠡᠢ ᠤᠴᠢᠷ᠂ ᠠᠮᠪᠠᠰ ᠤ᠋ᠨ ᠶᠠᠮᠤᠨ ᠠ᠋ᠴᠠ ᠨᠠᠮᠠᠶ᠋ᠢ ᠬᠣᠶᠠᠷ ᠵᠠᠭᠤ ᠪᠠᠩᠵᠠᠳᠠᠬᠤ ᠶᠠᠯ᠎ᠠ ᠰᠢᠳᠬᠡᠵᠦ ᠪᠢᠯᠡ᠃ ᠮᠠᠨᠠᠢ ᠬᠣᠰᠢᠭᠤ ᠲᠠᠮᠠᠭ᠎ᠠ ᠶ᠋ᠢᠨ ᠨᠢᠭᠡ ᠲᠦᠰᠢᠮᠡᠯ ᠭᠤᠶᠤᠵᠤ ᠠᠷᠭᠠᠳᠠᠭᠰᠠᠭᠠᠷ ᠰᠠᠷ᠎ᠠ ᠪᠦᠷᠢ ᠲᠠᠪᠢᠨ ᠪᠠᠩᠵᠠ ᠵᠠᠨᠴᠢᠬᠤ ᠪᠣᠯᠭᠠᠵᠤ ᠥᠭᠭᠦᠭᠰᠡᠨ ᠶᠦᠮ᠃ ᠪᠢ᠂ ᠥᠴᠥᠭᠡᠳᠦᠷ ᠬᠥᠳᠡᠭᠡ ᠡᠴᠡ ᠣᠷᠣᠵᠤ ᠢᠷᠡᠭᠡᠳ ᠵᠠᠮ ᠳ᠋ᠠᠭᠠᠨ ᠶᠠᠳᠠᠷᠠᠵᠤ᠂ ᠥᠴᠥᠭᠡᠳᠦᠷ ᠲᠡᠭᠡᠨ ᠶᠠᠮᠤᠨ ᠳ᠋ᠤ᠌ ᠪᠠᠷᠠᠭᠠᠯᠠᠭᠵᠤ ᠴᠢᠳᠠᠭᠰᠠᠨ ᠦᠭᠡᠢ᠂ ᠪᠡᠶ᠎ᠡ ᠮᠠᠭᠤᠳᠠᠵᠤ᠂ ᠶᠡᠷᠦ ᠰᠠᠷ᠎ᠠ ᠶ᠋ᠢᠨ ᠲᠠᠪᠢᠨ ᠪᠠᠩᠵᠠ ᠴᠤ᠌ ᠨᠠᠳᠠᠳᠤ (ᠨᠠᠳᠠ ᠳ᠋ᠤ᠌) ᠬᠦᠨᠳᠦ ᠪᠠᠢᠨ᠎ᠠ ᠰᠢᠦ᠂ ᠪᠤᠶᠠᠨ ᠲᠠᠢ ᠣᠯᠠᠨ ᠮᠢᠨᠢ ᠭᠡᠵᠦ ᠬᠡᠯᠡᠵᠡᠢ᠃ 
       ᠤᠷᠢᠳᠠ ᠡᠳᠦᠷ ᠨᠢ ᠮᠣᠷᠢ ᠲᠠᠢ ᠤᠨᠤᠭ᠎ᠠ ᠲᠠᠢ ᠬᠦᠷᠴᠦ ᠢᠷᠡᠪᠡᠯ ᠪᠠᠩᠵᠠᠳᠠᠭᠤᠯᠳᠠᠭ ᠲᠡᠷᠡ ᠭᠠᠵᠠᠷ᠂ ᠰᠢᠭᠤᠳ ᠲᠡᠮᠡᠭᠡ ᠪᠡᠨ ᠣᠨᠣᠭᠰᠠᠭᠠᠷ ᠬᠦᠷᠴᠦ ᠢᠷᠡᠭᠰᠡᠨ ᠬᠥᠪᠴᠢ ᠶ᠋ᠢᠨ ᠬᠠᠷ᠎ᠠ ᠳᠠᠷᠬᠠᠨ᠂ ᠰᠠᠢ᠍ᠢ(ᠰᠠᠶᠢ) ᠶ᠋ᠢᠨ ᠡᠪᠦᠭᠡᠨ ᠦ᠌ ᠲᠡᠷᠡ ᠦᠭᠡ ᠶ᠋ᠢ ᠰᠣᠨᠣᠰᠤᠭᠠᠳ᠂ ᠡᠪᠦᠭᠡᠨ ᠴᠢ᠂ ᠠᠮᠪᠠᠨ ᠬᠡᠳᠦᠢᠨᠡᠢ ᠬᠥᠭᠡᠭᠡᠭᠳᠡᠵᠦ᠂ ᠠᠮᠪᠠᠨ ᠤ᠋ ᠭᠠᠷ ᠬᠥᠯ ᠪᠣᠯᠤᠭᠴᠢ ᠨᠠᠷ ᠢ᠋ ᠬᠥᠭᠡᠭᠡᠵᠦ ᠪᠠᠢᠭ᠎ᠠ ᠶ᠋ᠢ ᠬᠠᠷᠠᠬᠤ ᠦᠭᠡᠢ ᠤᠤ? ᠠᠮᠪᠠᠰ ᠤ᠋ᠨ ᠪᠠᠩᠵᠠ ᠶ᠋ᠢ ᠭᠦᠢᠴᠡᠭᠡᠬᠦ ᠭᠡᠵᠦ ᠭᠣᠶᠣᠳᠠᠭ ᠴᠢᠨᠢ ᠳᠤᠷᠠᠰᠬᠠᠯ ᠪᠣᠯᠭᠠᠵᠤ ᠪᠠᠩᠵᠠᠳᠠᠭᠤᠯᠬᠤ ᠭᠡᠰᠡᠨ ᠬᠡᠷᠡᠭ ᠤᠤ? ᠭᠡᠵᠦ ᠬᠡᠯᠡᠪᠡᠰᠦ᠂ 
       — ᠬᠥᠨᠳᠡᠯᠡᠨ ᠡᠴᠡ ᠬᠠᠷᠠᠬᠤ ᠳ᠋ᠤ᠌ ᠲᠠᠨ ᠳ᠋ᠤ᠌ ᠲᠡᠭᠡᠵᠦ ᠰᠠᠨᠠᠭᠳᠠᠵᠤ ᠯᠠ ᠳᠠ᠃ ᠮᠠᠨᠵᠤ ᠨᠠᠷ ᠢ᠋ ᠬᠥᠭᠡᠭᠡᠭᠰᠡᠨ ᠴᠦ᠍᠂ ᠮᠣᠩᠭᠣᠯ ᠨᠣᠶᠠᠳ ᠲᠦᠰᠢᠮᠡᠯ ᠬᠡᠪ ᠢ᠋ᠶ᠋ᠡᠷ ᠢ᠋ᠶ᠋ᠡᠨ ᠪᠠᠢᠭ᠎ᠠ ᠶᠤᠮ ᠪᠢᠰᠢ ᠤᠤ? ᠬᠣᠰᠢᠭᠤ ᠲᠠᠮᠠᠭ᠎ᠠ ᠶ᠋ᠢᠨ ᠬᠢᠨ ᠨᠠᠮᠠᠶ᠋ᠢ ᠬᠣᠵᠢᠮ᠂ ᠴᠢ ᠶᠠᠭᠠᠬᠢᠭᠠᠳ ᠶᠠᠯ᠎ᠠ ᠰᠢᠳᠬᠡᠯ ᠢ᠋ᠶ᠋ᠡᠨ ᠭᠦᠢᠴᠡᠳ ᠡᠳ᠋ᠯᠡᠭᠰᠡᠨ ᠦᠭᠡᠢ ᠪᠣᠢ ᠭᠡᠵᠦ ᠠᠰᠠᠭᠤᠪᠠᠯ ᠪᠢ ᠶᠠᠭᠠᠬᠢᠬᠤ ᠪᠣᠢ? ᠭᠡᠵᠦ ᠲᠡᠷᠡ ᠡᠪᠦᠭᠡᠨ ᠦ᠌ ᠬᠠᠷᠢᠭᠤ ᠬᠡᠯᠡᠬᠦ ᠳ᠋ᠦ᠍᠂ 
       — ᠦᠨᠡᠬᠡᠷ ᠲᠡᠢᠮᠦ ᠪᠠᠢᠨ᠎ᠠ ᠰᠢᠦ᠃ ᠬᠣᠰᠢᠭᠤ ᠲᠠᠮᠠᠭ᠎ᠠ ᠶ᠋ᠢᠨ ᠬᠢᠨ ᠳᠤᠲᠠᠭᠤ ᠪᠠᠩᠵᠠ ᠶ᠋ᠢᠨ ᠲᠣᠭ᠎ᠠ ᠶ᠋ᠢ ᠭᠦᠢᠴᠡᠳᠬᠡᠨ᠎ᠡ ᠭᠡᠵᠦ ᠬᠣᠵᠢᠮ ᠬᠣᠢᠨ᠎ᠠ ᠮᠠᠭᠠᠳ ᠦᠭᠡᠢ ᠭᠡᠳᠡᠭ ᠴᠢᠨᠢ ᠵᠥᠪ ᠠ᠋᠃ ᠠᠯᠢ ᠠ᠋᠂ ᠡᠷᠬᠢᠮ ᠯᠣᠣᠶᠧ ᠮᠢᠨᠢ᠂ ᠴᠢ ᠡᠨᠡ ᠡᠪᠦᠭᠡᠨ ᠲᠡᠢ ᠳᠠᠩᠰᠠ ᠪᠠᠨ ᠪᠣᠳᠣᠵᠤ ᠭᠦᠢᠴᠡᠭᠰᠡᠨ ᠭᠡᠵᠦ ᠪᠢᠴᠢᠭ ᠬᠢᠵᠦ ᠥᠭ ᠭᠡᠵᠦ ᠬᠥᠪᠴᠢ ᠶ᠋ᠢᠨ ᠬᠠᠷ᠎ᠠ ᠳᠠᠷᠬᠠᠨ᠂ ᠲᠡᠷᠡ ᠲᠠᠷᠭᠤᠨ ᠮᠠᠨᠵᠤ ᠲᠦᠰᠢᠮᠡᠯ ᠢ᠋ ᠰᠢᠬᠠᠵᠤ ᠬᠡᠯᠡᠪᠡ᠃ ᠲᠡᠷᠡ ᠮᠠᠨᠵᠤ ᠲᠦᠰᠢᠮᠡᠯ ᠠᠮᠠᠨ ᠳᠣᠲᠣᠷ᠎ᠠ ᠪᠠᠨ ᠨᠢᠭᠡ ᠶᠠᠭᠤᠮ᠎ᠠ ᠬᠦᠩᠭᠢᠨᠡᠵᠦ ᠬᠡᠯᠡᠭᠡᠳ ᠪᠤᠷᠤᠭᠤ ᠬᠠᠷᠠᠪᠠ᠃ 
       — ᠠ᠂ ᠲᠡᠢᠮᠦ ᠪᠣᠢ ᠴᠢ! ᠴᠢᠨᠦ ᠡᠨᠡ ᠮᠠᠭᠤ ᠭᠡᠵᠢᠭᠡ ᠶ᠋ᠢ ᠲᠣᠯᠣᠭᠠᠢ ᠲᠠᠢ ᠴᠢᠨᠢ ᠲᠠᠰᠤ ᠲᠠᠲᠠᠴᠢᠬ᠎ᠠ ᠦᠭᠡᠢ ᠳᠡᠭᠡᠷ᠎ᠡ ᠴᠢ ᠪᠤᠰᠢᠭᠤᠬᠠᠨ ᠪᠠᠲᠤᠯᠠᠬᠤ ᠪᠢᠴᠢᠭ ᠬᠢᠵᠦ ᠥᠭ ᠭᠡᠵᠦ ᠬᠥᠪᠴᠢ ᠶ᠋ᠢᠨ ᠬᠠᠷ᠎ᠠ ᠳᠠᠷᠬᠠᠨ᠂ ᠲᠡᠷᠡ ᠮᠠᠨᠵᠤ ᠶ᠋ᠢᠨ ᠭᠡᠵᠢᠭᠡ ᠶ᠋ᠢ ᠲᠡᠮᠡᠭᠡᠨ ᠳᠡᠭᠡᠷ᠎ᠡ ᠡᠴᠡ ᠰᠢᠭᠦᠷᠪᠡ᠃ 
       — ᠵᠠ᠂ ᠵᠠ᠂ ᠪᠢᠴᠢᠶ᠎ᠡ! ᠭᠡᠵᠦ ᠲᠡᠷᠡ ᠮᠠᠨᠵᠤ ᠲᠦᠰᠢᠮᠡᠯ ᠢ᠋ ᠲᠡᠷᠡ ᠡᠪᠦᠭᠡᠨ ᠳᠠᠷᠬᠠᠨ ᠤ᠋ ᠬᠥᠯ ᠳ᠋ᠦ᠍ ᠭᠤᠶᠤᠨ ᠰᠥᠭᠥᠳᠬᠦ ᠳ᠋ᠦ᠍᠂ ᠣᠯᠠᠨ ᠪᠠᠬᠠᠳᠤᠨ ᠱᠤᠤᠭᠢᠯᠳᠤᠵᠤ᠂ ᠥᠨᠥᠬᠢ ᠬᠥᠳᠡᠭᠡ ᠶ᠋ᠢᠨ ᠶᠠᠳᠠᠭᠤ ᠡᠪᠦᠭᠡᠨ᠂ 
       — ᠮᠥᠨ ᠴᠦ᠍ ᠵᠢᠭᠲᠡᠢ ᠶᠦᠮ ᠳᠡ᠃ ᠠᠮᠢᠳᠤ ᠶᠠᠪᠤᠪᠠᠯ ᠠᠯᠲᠠᠨ ᠠᠶᠠᠭ᠎ᠠ ᠠ᠋ᠴᠠ ᠤᠮᠳᠠ ᠤᠤᠭᠤᠨ᠎ᠠ ᠭᠡᠵᠦ ᠦᠨᠡᠨ ᠪᠠᠢᠨ᠎ᠠ ᠰᠢᠦ᠃ ᠬᠡᠦᠬᠡᠳ ᠠ᠋᠂ ᠡᠨᠡ ᠮᠠᠨᠵᠤ ᠲᠦᠰᠢᠮᠡᠯ ᠢ᠋ ᠬᠠᠷᠠᠴᠤ ᠠᠷᠠᠳ ᠤ᠋ᠨ ᠬᠥᠯ ᠳ᠋ᠦ᠍ ᠰᠥᠭᠥᠳᠦᠨ ᠮᠥᠷᠭᠥᠵᠦ ᠪᠠᠢᠬᠤ ᠶ᠋ᠢ ᠦᠵᠡᠪᠡᠦ? ᠭᠡᠵᠦ ᠮᠠᠰᠠᠢᠨ ᠢᠨᠢᠶᠡᠪᠡ᠃ 
       — ᠴᠢ᠂ ᠡᠨᠡ ᠡᠪᠦᠭᠡᠨ ᠥᠴᠥᠭᠡᠳᠦᠷ ᠢᠷᠡᠭᠰᠡᠨ ᠤᠴᠢᠷ᠂ ᠪᠠᠲᠤᠯᠠᠬᠤ ᠪᠢᠴᠢᠭ ᠢ᠋ ᠥᠴᠥᠭᠡᠳᠦᠷ ᠦ᠋ᠨ ᠡᠳᠦᠷ ᠢ᠋ᠶ᠋ᠡᠷ ᠡᠳᠦᠷᠯᠡ ᠭᠡᠵᠦ ᠮᠠᠨᠵᠤ ᠲᠦᠰᠢᠮᠡᠯ ᠳ᠋ᠦ᠍ ᠬᠡᠯᠡᠭᠡᠳ᠂ ᠬᠥᠪᠴᠢ ᠶ᠋ᠢᠨ ᠡᠪᠦᠭᠡᠨ ᠬᠠᠷ᠎ᠠ ᠳᠠᠷᠬᠠᠨ ᠣᠯᠠᠨ ᠤ᠋ ᠵᠦᠭ ᠬᠠᠨᠳᠤᠵᠤ᠂ ᠬᠡᠦᠬᠡᠳ ᠠ᠋᠂ ᠲᠠ ᠨᠠᠷ ᠤ᠋ᠨ ᠳᠤᠮᠳᠠ ᠠ᠋ᠴᠠ ᠪᠢᠴᠢᠭ ᠮᠡᠳᠡᠳᠡᠭ ᠬᠥᠮᠦᠨ ᠪᠠᠢᠳᠠᠭ ᠪᠣᠯ ᠪᠠᠲᠤᠯᠠᠬᠤ ᠪᠢᠴᠢᠭ ᠦ᠋ᠨ ᠦᠭᠡ ᠦᠰᠦᠭ ᠢ᠋ ᠰᠠᠢᠨ ᠬᠠᠷᠠᠵᠤ ᠥᠭᠭᠦᠭᠡᠴᠢ᠂ ᠲᠡᠭᠡᠬᠦ ᠦᠭᠡᠢ ᠪᠣᠯ ᠡᠨᠡ ᠡᠪᠦᠭᠡᠨ ᠢ᠋ ᠬᠥᠲᠥᠵᠦ ᠮᠡᠳᠡᠨ᠎ᠡ ᠰᠢᠦ ᠭᠡᠵᠦ ᠬᠡᠯᠡᠪᠡᠯ᠂ 
       — ᠪᠢ ᠮᠣᠩᠭᠣᠯ ᠲᠠᠢ᠂ ᠪᠢ ᠮᠠᠨᠵᠤ ᠲᠠᠢ ᠭᠡᠵᠦ ᠣᠯᠠᠨ ᠤ᠋ ᠳᠤᠮᠳᠠ ᠠ᠋ᠴᠠ ᠬᠡᠳᠦᠨ ᠬᠥᠮᠦᠨ ᠳᠤᠤᠭᠠᠷᠴᠤ᠂ ᠡᠪᠦᠭᠡᠨ ᠴᠠᠭᠳᠠᠭ᠎ᠠ ᠣᠯᠠᠨ ᠢ᠋ ᠳᠠᠭᠠᠭᠤᠯᠤᠨ ᠥᠨᠥᠬᠢ ᠮᠠᠨᠵᠤ ᠲᠦᠰᠢᠮᠡᠯ ᠢ᠋ ᠠᠪᠴᠤ᠂ ᠡᠵᠡ ᠦᠭᠡᠢ ᠬᠣᠭᠣᠰᠣᠨ ᠠᠮᠪᠠᠰ ᠤ᠋ᠨ ᠶᠠᠮᠤᠨ ᠳ᠋ᠤ᠌ ᠣᠷᠣᠵᠤ ᠪᠢᠴᠢᠭ ᠬᠢᠯᠭᠡᠭᠡᠳ ᠢᠷᠡᠵᠦ᠂ 
       — ᠵᠠ᠂ ᠡᠪᠦᠭᠡᠨ ᠭᠤᠸᠠᠢ ᠮᠢᠨᠢ᠂ ᠠᠮᠪᠠᠰ ᠤ᠋ᠨ ᠶᠠᠮᠤᠨ ᠠ᠋ᠴᠠ ᠲᠠᠨ ᠤ᠋ ᠬᠣᠰᠢᠭᠤ ᠲᠠᠮᠠᠭ᠎ᠠ ᠶ᠋ᠢᠨ ᠭᠠᠵᠠᠷ ᠥᠭᠬᠦ ᠡᠴᠦᠰ ᠦ᠋ᠨ ᠪᠢᠴᠢᠭ ᠡᠨᠡ ᠪᠣᠯᠵᠤ ᠳᠠ᠃ ᠣᠳᠣ ᠠᠮᠪᠠᠨ ᠲᠠ ᠬᠣᠶᠠᠷ᠂ ᠳᠠᠩᠰᠠ ᠪᠠᠨ ᠪᠣᠳᠣᠵᠤ ᠭᠦᠢᠴᠡᠭᠰᠡᠨ ᠭᠡᠵᠦ ᠪᠠᠩᠵᠠᠳᠠᠬᠤ ᠶᠠᠯ᠎ᠠ ᠨᠢᠭᠡᠨᠲᠡ ᠭᠦᠢᠴᠡᠭᠰᠡᠨ ᠪᠠᠲᠤᠯᠠᠬᠤ ᠪᠢᠴᠢᠭ ᠭᠠᠷᠭᠠᠭᠤᠯᠵᠤ ᠥᠭᠭᠦᠭᠰᠡᠨ ᠢ᠋ ᠲᠡᠷᠡ ᠡᠪᠦᠭᠡᠨ ᠡᠪᠦᠷ ᠲᠡᠭᠡᠨ ᠠᠶᠠᠲᠠᠢ ᠰᠠᠢᠬᠠᠨ ᠢ᠋ᠶ᠋ᠠᠷ ᠬᠢᠭᠡᠳ᠂ ᠬᠥᠪᠴᠢ ᠶ᠋ᠢᠨ ᠬᠠᠷ᠎ᠠ ᠳᠠᠷᠬᠠᠨ ᠤ᠋ ᠵᠦᠭ᠂ 
       — ᠵᠠ᠂ ᠣᠳᠣ ᠵᠣᠪᠠᠯᠠᠩ ᠮᠢᠨᠢ ᠪᠠᠷᠠᠭᠳᠠᠯ᠎ᠠ᠃ ᠠ᠋᠂ ᠭᠢᠯᠠᠢᠯ᠎ᠠ᠂ ᠠ᠋ ᠭᠢᠯᠠᠢᠯ᠎ᠠ! ᠥᠲᠡᠯᠦᠭᠰᠡᠨ ᠨᠠᠳᠠᠳᠤ ᠠᠷᠭ᠎ᠠ ᠤᠬᠠᠭᠠᠨ ᠵᠢᠭᠠᠵᠤ ᠥᠭᠳᠡᠭ ᠶᠠᠮᠠᠷ ᠪᠤᠶᠠᠨᠲᠠᠢ ᠬᠥᠮᠦᠨ ᠪᠢᠯᠡ᠂ ᠴᠢ ᠮᠢᠨᠢ᠃ ᠵᠤᠷᠭᠠᠨ ᠤ᠋ ᠡᠭᠦᠳᠡ ᠲᠠᠲᠠᠯ ᠦᠭᠡᠢ ᠵᠠᠭᠤᠨ ᠨᠠᠰᠤ ᠨᠠᠰᠤᠯᠠᠬᠤ ᠪᠣᠯᠲᠤᠭᠠᠢ᠂ ᠴᠢ ᠮᠢᠨᠢ ᠭᠡᠵᠦ ᠢᠷᠦᠭᠡᠪᠡᠯ᠂ 
       — ᠢᠷᠦᠭᠡᠯ ᠢ᠋ᠶ᠋ᠡᠷ ᠴᠢᠨᠢ ᠪᠣᠯᠲᠤᠭᠠᠢ ᠭᠡᠵᠦ ᠬᠠᠷᠢᠭᠤᠯᠤᠭᠠᠳ ᠬᠥᠪᠴᠢ ᠶ᠋ᠢᠨ ᠬᠠᠷ᠎ᠠ ᠳᠠᠷᠬᠠᠨ ᠲᠡᠷᠡ ᠡᠪᠦᠭᠡᠨ ᠳ᠋ᠦ᠍᠂ ᠦᠭᠡᠢ ᠶᠡᠷᠦ ᠨᠢ ᠴᠢᠨᠦ ᠢᠷᠦᠭᠡᠯ ᠡᠴᠡ ᠪᠢ ᠰᠠᠨᠠᠭ᠎ᠠ ᠠᠪᠤᠯ᠎ᠠ᠃ ᠬᠡᠦᠬᠡᠳ ᠠ᠋! ᠡᠨᠡ ᠰᠢᠨᠤᠬᠠᠢ ᠠᠪᠯᠢᠭᠠᠴᠢ ᠮᠠᠨᠵᠤ ᠨᠠᠷ ᠠ᠋ᠴᠠ ᠪᠣᠯᠵᠤ᠂ ᠠᠮᠪᠠᠰ ᠤ᠋ᠨ ᠭᠢᠨᠳᠠᠨ ᠳ᠋ᠤ᠌ ᠡᠳᠦᠢ ᠲᠡᠳᠦᠢ ᠠᠮᠢᠲᠠᠨ ᠬᠣᠷᠢᠭᠳᠠᠨ ᠵᠣᠪᠠᠵᠤ ᠪᠠᠢᠭ᠎ᠠ ᠳ᠋ᠠᠭ ᠰᠢᠦ᠃ ᠨᠣᠶᠠᠳ ᠶᠡᠬᠡᠰ ᠡᠨᠡᠬᠡᠨ ᠵᠠᠪᠰᠠᠷ᠂ ᠬᠥᠭᠡᠷᠦᠬᠦᠢ ᠲᠡᠳᠡᠨ ᠢ᠋ ᠰᠤᠯᠠᠯᠠᠨ ᠲᠠᠯᠪᠢᠬᠤ ᠭᠡᠵᠦ ᠪᠣᠳᠣᠵᠤ ᠣᠯᠤᠭᠠᠳᠤᠢ ᠪᠠᠢᠯ ᠦᠭᠡᠢ ᠳᠡ᠂ ᠨᠣᠶᠠᠳ ᠤ᠋ᠨ ᠥᠷᠢ ᠰᠢᠷᠢ ᠲᠠᠯᠪᠢᠵᠤ᠂ ᠪᠡᠭᠡᠵᠢᠩ ᠬᠣᠲᠠᠨ ᠳ᠋ᠤ᠌ ᠵᠤᠭᠠᠯᠠᠭᠰᠠᠨ ᠤ᠋ ᠥᠷᠢ ᠲᠥᠯᠥᠭᠡᠰᠦᠨ ᠳ᠋ᠦ᠍ᠨᠢ ᠮᠢᠬ᠎ᠠ ᠴᠢᠰᠤ ᠪᠠᠨ ᠪᠠᠷᠠᠵᠤ ᠪᠠᠢᠭ᠎ᠠ ᠬᠥᠭᠡᠷᠦᠬᠦᠢ ᠬᠣᠷᠢᠭᠳᠠᠯ ᠢ᠋᠂ ᠬᠡᠦᠬᠡᠳ ᠠ᠋᠂ ᠭᠢᠨᠳᠠᠨ ᠠ᠋ᠴᠠ ᠣᠴᠢᠵᠤ ᠰᠤᠯᠠᠯᠠᠶ᠎ᠠ ᠭᠡᠬᠦ ᠳ᠋ᠦ᠍᠂ 
       — ᠲᠡᠭᠡᠶ᠎ᠡ᠂ ᠲᠡᠭᠡᠶ᠎ᠡ! ᠭᠡᠵᠦ ᠤᠯᠤᠰ ᠱᠤᠤᠭᠢᠯᠳᠤᠨ᠂ ᠶᠠᠪᠠᠭᠠᠨ ᠨᠢ ᠮᠣᠷᠢᠲᠠᠢ ᠲᠡᠮᠡᠭᠡᠲᠡᠢ ᠬᠥᠮᠦᠨ ᠲᠡᠢ ᠰᠤᠨᠳᠠᠯᠠᠳᠠᠵᠤ᠂ ᠴᠠᠰᠤᠲᠤ ᠠᠭᠤᠯᠠ ᠠ᠋ᠴᠠ ᠬᠠᠪᠴᠢᠯ ᠳ᠋ᠤ᠌ ᠨᠤᠷᠠᠭᠰᠠᠨ ᠴᠠᠰᠤᠨ ᠨᠤᠷᠠᠭ ᠰᠢᠭ᠋᠂ ᠮᠣᠷᠢᠲᠠᠢ ᠲᠡᠮᠡᠭᠡᠲᠡᠢ ᠣᠯᠠᠨ ᠬᠥᠮᠦᠨ ᠱᠤᠤᠭᠢᠯᠳᠤᠨ᠂ ᠳ᠋ᠠᠭᠠᠨ(ᠳ᠋ᠤ᠌ ᠪᠠᠨ )ᠲᠣᠬᠢᠶᠠᠯᠳᠤᠭᠰᠠᠨ ᠬᠥᠮᠦᠨ ᠢ᠋ ᠨᠡᠢᠯᠡᠭᠦᠯᠦᠨ᠂ ᠪᠠᠲᠤ ᠭᠦᠨ ᠭᠡᠳᠡᠭ ᠬᠠᠷᠠᠩᠭᠤᠢ ᠮᠠᠭᠤᠬᠠᠢ ᠱᠣᠷᠣᠩ ᠤ᠋ᠨ ᠵᠦᠭ ᠫᠢᠵᠢᠭᠢᠨᠡᠨ ᠳᠠᠪᠬᠢᠵᠠᠭᠠᠪᠠ᠃ ᠭᠢᠨᠳᠠᠨ ᠤ᠋ ᠮᠠᠨᠵᠤ ᠬᠤᠶᠠᠭ᠂ ᠮᠣᠩᠭᠣᠯ ᠨᠣᠶᠠᠳ᠂ ᠭᠠᠭᠴᠠᠬᠦ (ᠭᠠᠭᠴᠠ ᠬᠦ᠌)ᠰᠠᠨ ᠪᠡᠢᠰᠡ ᠶ᠋ᠢᠨ ᠬᠤᠰᠢᠭᠤᠨ ᠳ᠋ᠤ᠌ ᠮᠥᠩᠭᠥ ᠬᠦᠦᠯᠡᠭᠴᠢ ᠬᠡᠳᠦᠨ ᠫᠦᠰᠡ ᠳᠡᠭᠡᠷᠡᠮᠳᠡᠭᠰᠡᠨ ᠠᠷᠠᠳ ᠤ᠋ᠳ ᠲᠠᠢ ᠬᠤᠤᠪᠢᠯᠳᠤᠭᠰᠠᠨ ᠬᠣᠶᠠᠷ ᠲᠤᠰᠠᠯᠠᠭᠴᠢ ᠶ᠋ᠢ ᠰᠤᠯᠠᠯᠠᠬᠤ ᠲᠤᠰᠢᠶᠠᠯ ᠢᠷᠡᠭᠰᠡᠨ ᠡᠴᠡ ᠪᠢᠰᠢ ᠪᠤᠰᠤᠳ ᠢ᠋ ᠰᠤᠯᠠᠯᠠ ᠭᠡᠰᠡᠨ ᠵᠦᠢᠯ ᠠᠯᠠᠭ᠎ᠠ ᠭᠡᠵᠦ ᠡᠰᠡᠷᠭᠦᠴᠡᠪᠡᠰᠦ ᠣᠯᠠᠨ ᠢ᠋ᠶ᠋ᠠᠷ ᠱᠤᠤᠭᠢᠯᠳᠤᠨ ᠳᠠᠭᠠᠷᠢᠵᠤ᠂ ᠭᠱᠠᠨ ᠵᠠᠭᠤᠷ᠎ᠠ ᠬᠡᠳᠦᠨ ᠬᠤᠶᠠᠭ ᠤ᠋ᠨ ᠵᠡᠪᠰᠡᠭ ᠬᠤᠷᠢᠶᠠᠵᠤ ᠠᠪᠤᠭᠰᠠᠨ ᠳ᠋ᠤ᠌᠂ ᠮᠠᠨᠵᠤ ᠬᠤᠶᠠᠭ ᠠᠶᠤᠨ ᠰᠠᠨᠳᠤᠷᠴᠤ᠂ ᠣᠯᠠᠨ ᠤ᠋ ᠱᠠᠭᠠᠷᠳᠠᠨ ᠱᠠᠪᠳᠠᠬᠤ (ᠰᠢᠪᠠᠳᠠᠬᠤ)᠂ ᠲᠠᠰᠢᠭᠤᠷᠳᠠᠬᠤ ᠳ᠋ᠤ᠌ ᠰᠢᠬᠠᠭᠳᠠᠨ ᠭᠦᠶᠦᠵᠦ᠂ ᠭᠢᠨᠳᠠᠨ ᠤ᠋ ᠬᠣᠷᠢᠭᠳᠠᠯ ᠢ᠋ ᠰᠡᠩᠳᠡ ᠮᠡᠩᠳᠡ ᠰᠤᠯᠠᠯᠠᠵᠤ ᠭᠠᠷᠭᠠᠪᠠ᠃ ᠮᠤᠯᠲᠤᠯᠤᠨ ᠬᠠᠶᠠᠬᠤ ᠭᠢᠨᠵᠢ ᠬᠠᠩᠭᠢᠨᠠᠵᠤ᠂ ᠠᠪᠰᠠ ᠰᠢᠭ᠋ ᠤᠷᠲᠤ ᠦᠮᠡᠬᠡᠢ ᠮᠥᠬᠥᠯᠢᠭ ᠬᠠᠢᠷᠴᠠᠭ ᠤ᠋ᠨ ᠲᠠᠭᠯᠠᠭ᠎ᠠ ᠬᠠᠭᠠᠯᠲᠠ ᠨᠢ ᠳᠠᠪ ᠶᠠᠪ ᠬᠢᠵᠦ᠂ ᠳᠣᠲᠣᠷ᠎ᠠ ᠠ᠋ᠴᠠ ᠨᠢ ᠬᠣᠷᠢᠭᠳᠠᠭᠰᠠᠨ ᠠᠮᠢᠲᠠᠨ ᠭᠠᠷᠴᠠᠭᠠᠵᠤ᠂ ᠬᠦᠵᠦᠭᠦᠦ ᠶ᠋ᠢᠨ ᠳᠥᠩᠭᠡ ᠮᠣᠳᠣ ᠲᠦᠷ ᠲᠠᠷ ᠣᠢᠴᠢᠵᠤ᠂ ᠭᠬᠢᠷ ᠲᠠᠭ ᠪᠣᠯᠵᠤ ᠭᠡᠵᠢᠭᠡ ᠦᠰᠦ ᠨᠢ ᠰᠢᠷᠢᠯᠳᠦᠭᠰᠡᠨ ᠡᠴᠡᠩᠬᠡᠢ ᠲᠤᠷᠠᠩᠬᠠᠢ ᠬᠣᠷᠢᠭᠳᠠᠯ᠂ ᠲᠡᠳᠡᠨ ᠢ᠋ ᠰᠤᠯᠠᠯᠠᠨ ᠲᠠᠯᠪᠢᠭᠰᠠᠨ ᠲᠠᠨᠢᠬᠤ ᠦᠭᠡᠢ ᠣᠯᠠᠨ ᠢ᠋ ᠢᠷᠥᠭᠡᠨ ᠪᠠᠶᠠᠷᠯᠠᠵᠤ᠂ ᠮᠠᠩᠨᠠᠢ ᠲᠡᠨᠢᠢᠨ ᠭᠢᠨᠳᠠᠨ ᠤ᠋ ᠬᠠᠰᠢᠶ᠎ᠠ ᠳᠦᠭᠦᠷᠪᠡ᠃ ᠬᠥᠪᠴᠢ ᠶ᠋ᠢᠨ ᠬᠠᠷ᠎ᠠ ᠳᠠᠷᠬᠠᠨ᠂ ᠭᠢᠨᠳᠠᠨ ᠤ᠋ ᠬᠤᠶᠠᠭ ᠢ᠋ ᠲᠡᠷᠡ ᠵᠠᠪᠰᠠᠷ ᠰᠠᠮ ᠠᠯᠠᠭ᠎ᠠ ᠪᠣᠯᠤᠭᠰᠠᠨ ᠢ᠋ ᠦᠵᠡᠭᠡᠳ᠂ ᠰᠤᠯᠠᠯᠠᠭᠰᠠᠨ ᠣᠯᠠᠨ ᠬᠣᠷᠢᠭᠳᠠᠯ ᠤ᠋ᠨ ᠵᠦᠭ ᠥᠨᠳᠥᠷ ᠳᠠᠭᠤᠨ ᠢ᠋ᠶ᠋ᠠᠷ ᠥᠭᠦᠯᠡᠷᠦᠨ᠂ 
       — ᠬᠡᠦᠬᠡᠳ ᠠ᠋᠂ ᠪᠤᠰᠢᠭᠤᠬᠠᠨ ᠳᠠᠷᠠᠵᠠᠭ᠎ᠠ! ᠲᠠ ᠨᠠᠷ ᠢ᠋ ᠳᠠᠬᠢᠭᠠᠳ ᠡᠨᠡ ᠨᠦᠬᠡᠨ ᠲᠠᠮᠤ ᠳ᠋ᠤ᠌ ᠬᠣᠷᠢᠵᠤ ᠮᠠᠭᠠᠳ ᠦᠭᠡᠢ᠂ ᠥᠨᠥᠬᠢ ᠬᠡᠳᠦᠨ ᠬᠤᠶᠠᠭ᠂ ᠰᠡᠮᠬᠡᠨ ᠠᠯᠠᠭ᠎ᠠ ᠪᠣᠯᠤᠭᠠᠳ ᠥᠭᠭᠦᠭᠰᠡᠨ ᠰᠢᠦ᠃ ᠶᠠᠭᠠᠬᠢᠵᠤ ᠮᠡᠳᠡᠬᠦ ᠪᠣᠢ᠂ ᠰᠠᠢᠳ ᠳᠠᠷᠤᠭ᠎ᠠ ᠨᠠᠷ᠂ ᠲᠠ ᠨᠠᠷ ᠢ᠋ ᠲᠠᠯᠪᠢᠬᠤ ᠦᠭᠡᠢ ᠰᠠᠨᠠᠭ᠎ᠠ ᠲᠠᠢ ᠴᠤ᠌ ᠪᠠᠢᠵᠤ ᠪᠣᠯᠵᠣᠰᠢ ᠦᠭᠡᠢ᠃ ᠬᠡᠦᠬᠡᠳ ᠠ᠋᠂ ᠪᠤᠰᠢᠭᠤᠬᠠᠨ ᠳᠠᠯᠳᠠ ᠣᠷᠣᠵᠤ ᠦᠵᠡ᠃ ᠪᠡᠶ᠎ᠡ ᠪᠡᠶ᠎ᠡ ᠪᠡᠨ ᠪᠠᠷᠢᠵᠤ ᠥᠭᠴᠦ ᠪᠣᠯᠬᠤ ᠦᠭᠡᠢ ᠰᠢᠦ᠃ 
       ᠬᠣᠵᠢᠮ ᠬᠣᠢᠨ᠎ᠠ ᠡᠯᠳᠡᠪ ᠬᠡᠷᠡᠭ ᠶᠠᠪᠤᠳᠠᠯ ᠭᠠᠷᠴᠤ᠂ ᠬᠡᠨ ᠲᠠ ᠨᠠᠷ ᠢ᠋ ᠰᠤᠯᠠᠯᠠᠭᠰᠠᠨ ᠪᠣᠢ? ᠭᠡᠪᠡᠯ᠂ ᠪᠦᠦ ᠮᠡᠳᠡ᠂ ᠠᠷᠠᠳ ᠣᠯᠠᠨ ᠭᠢᠨᠳᠠᠨ ᠠ᠋ᠴᠠ ᠪᠢᠳᠡᠨ ᠢ᠋ ᠰᠤᠯᠠᠯᠠᠨ ᠲᠠᠯᠪᠢᠭᠰᠠᠨ ᠪᠢᠯᠡ᠃ ᠴᠣᠬᠣᠮ ᠲᠡᠷᠡ ᠭᠡᠵᠦ ᠨᠢᠭᠤᠷ ᠲᠠᠨᠢᠬᠤ ᠦᠭᠡᠢ ᠭᠡᠵᠦ ᠬᠡᠯᠡᠭᠡᠷᠡᠢ᠃ ᠵᠠ᠂ ᠪᠤᠰᠢᠭᠤ ᠵᠠᠢᠯᠠᠵᠤ ᠦᠵᠡ ᠭᠡᠬᠦ ᠳ᠋ᠦ᠍ᠨᠢ ᠲᠡᠷᠡ ᠣᠯᠠᠨ ᠱᠤᠤᠭᠢᠯᠳᠤᠨ 
       — ᠡᠪᠦᠭᠡᠨ ᠭᠤᠸᠠᠢ ᠶ᠋ᠢᠨ ᠦᠭᠡ ᠵᠥᠪ᠂ ᠲᠦᠮᠡᠨ ᠵᠥᠪ! —— ᠭᠡᠵᠦ ᠶᠠᠭᠠᠷᠠᠨ ᠲᠠᠷᠬᠠᠵᠠᠭᠠᠪᠠ᠃ ᠪᠡᠶ᠎ᠡ ᠪᠡᠨ ᠤᠯᠤᠰ ᠢ᠋ ᠴᠢᠯᠥᠭᠡᠯᠡᠭᠴᠢ ᠪᠠᠭᠠᠲᠤᠷ ᠭᠡᠵᠦ᠂ ᠲᠡᠷᠡ ᠡᠳᠦᠷ ᠳᠡᠪᠡᠯ ᠳ᠋ᠡᠭᠡᠨ ᠪᠠᠭᠲᠠᠬᠤ ᠦᠭᠡᠢ ᠪᠠᠬᠠᠳᠤᠵᠤ ᠪᠠᠢᠭᠰᠠᠨ ᠨᠠᠮᠰᠠᠷᠠᠢ ᠸᠠᠩ᠂ ᠬᠦᠷᠢᠶᠡᠨ ᠦ᠌ ᠣᠯᠠᠨ ᠬᠦᠷᠴᠦ ᠢᠷᠡᠭᠡᠳ ᠬᠣᠷᠢᠭᠳᠠᠯ ᠢ᠋ ᠰᠤᠯᠠᠯᠠᠨ ᠪᠠᠢᠭ᠎ᠠ ᠮᠡᠳᠡᠭᠡ ᠶ᠋ᠢ ᠬᠤᠶᠠᠭ ᠠ᠋ᠴᠠ ᠣᠯᠵᠤ ᠰᠣᠨᠣᠰᠤᠭᠠᠳ᠂ ᠬᠣᠷᠢᠭᠳᠠᠯ ᠢ᠋ ᠬᠡᠷᠬᠢᠪᠡᠴᠦ ᠳᠤᠷ᠎ᠠ ᠮᠡᠳᠡᠨ ᠰᠤᠯᠠᠯᠠᠵᠤ ᠪᠣᠯᠬᠤ ᠦᠭᠡᠢ᠂ ᠵᠥᠷᠢᠴᠡᠭᠰᠡᠳ ᠢ᠋ ᠶᠠᠯᠠᠯᠠᠨ᠎ᠠ ᠭᠡᠵᠦ ᠴᠢᠩᠳᠠᠯᠠᠨ ᠲᠤᠰᠢᠶᠠᠭᠰᠠᠨ ᠶᠣᠰᠣᠭᠠᠷ ᠮᠣᠷᠢᠲᠠᠢ ᠴᠠᠭᠳᠠᠭ᠎ᠠ ᠭᠢᠨᠳᠠᠨ ᠳ᠋ᠤ᠌ ᠶᠠᠭᠠᠷᠠᠨ ᠰᠠᠨᠳᠤᠷᠤᠨ ᠳᠠᠪᠬᠢᠵᠤ ᠢᠷᠡᠪᠡᠯ᠂ ᠪᠠᠲᠤ ᠭᠦᠨ ᠭᠡᠳᠡᠭ ᠰᠦᠷᠡᠬᠡᠢ ᠭᠢᠨᠳᠠᠨ ᠬᠡᠳᠦᠢᠨᠡᠢ ᠬᠣᠭᠣᠰᠣᠨ ᠪᠣᠯᠤᠭᠰᠠᠨ ᠪᠠᠢᠵᠠᠢ᠃  


— — — — 
* ᠲᠣᠭᠠᠯᠠᠭᠠᠳ᠂ ᠬᠡᠮᠵᠢᠭᠡᠳ᠂ ᠬᠤᠪᠢᠶᠠᠪᠠ ᠭᠡᠰᠡᠨ ᠦᠭᠡ᠃ ᠳ᠋ᠠᠨᠧᠯ ᠦ᠋ᠨ ᠨᠣᠮ ᠤ᠋ᠨ ᠲᠠᠪᠤᠳᠤᠭᠠᠷ ᠪᠦᠯᠦᠭ ᠲᠦ᠍ ᠥᠭᠦᠯᠡᠭᠰᠡᠨ ᠨᠢ᠂ ᠪᠠᠪᠢᠯᠤᠨ ᠤᠯᠤᠰ ᠤ᠋ᠨ ᠡᠴᠦᠰ ᠦ᠋ᠨ ᠬᠠᠭᠠᠨ ᠪᠠᠯᠲ᠋ᠨᠽᠡᠷ᠂ ᠫᠧᠷᠰ ᠦ᠋ᠨ ᠺᠢᠷ ᠬᠠᠭᠠᠨ ᠤ᠋ ᠴᠡᠷᠢᠭ ᠲᠦ᠍ ᠨᠡᠢᠰᠯᠡᠯ ᠪᠠᠪᠢᠯᠤᠨ ᠢ᠋ᠶ᠋ᠠᠨ ᠪᠦᠰᠡᠯᠡᠭᠦᠯᠦᠭᠡᠳ᠂ ᠬᠡᠷᠡᠮ ᠪᠠᠲᠤ᠂ ᠴᠡᠷᠢᠭ ᠪᠠᠭᠠᠲᠤᠷ ᠭᠡᠵᠦ ᠨᠠᠢᠷ ᠬᠤᠷᠢᠮ᠂ ᠵᠢᠷᠭᠠᠯ ᠴᠡᠩᠭᠡᠯ ᠳ᠋ᠦ᠍ ᠳᠠᠪᠰᠢᠭᠤᠷᠠᠵᠤ ᠪᠠᠢᠭᠰᠠᠨ ᠨᠢ᠂ ᠣᠷᠳᠣᠨ ᠤ᠋ ᠲᠤᠭᠤᠷᠭᠠᠨ ᠳ᠋ᠤ᠌ ᠡᠨᠡ ᠲᠣᠭᠠᠯᠠᠭᠠᠳ᠂ ᠬᠡᠮᠵᠢᠭᠡᠳ᠂ ᠬᠤᠪᠢᠶᠠᠪᠠ ᠭᠡᠰᠡᠨ ᠦᠰᠦᠭ ᠭᠠᠯ ᠪᠠᠳᠠᠷᠠᠨ ᠦᠵᠡᠭᠳᠡᠭᠰᠡᠨ ᠨᠢ᠂ ᠲᠣᠭᠠᠯᠠᠭᠠᠳ ᠭᠡᠰᠡᠨ ᠦᠭᠡ᠂ ᠴᠢᠨᠦ ᠨᠠᠰᠤᠨ ᠤ᠋ ᠲᠣᠭ᠎ᠠ ᠭᠦᠢᠴᠡᠪᠡ᠂ ᠬᠡᠮᠵᠢᠭᠡᠳ ᠭᠡᠵᠦ ᠴᠢᠨᠦ ᠶᠠᠪᠤᠳᠠᠯ ᠢ᠋ ᠬᠡᠮᠵᠢᠵᠦ ᠭᠦᠢᠴᠡᠪᠡ᠂ ᠬᠤᠪᠢᠶᠠᠪᠠ ᠭᠡᠵᠦ ᠴᠢᠨᠦ ᠤᠯᠤᠰ ᠢ᠋ ᠬᠤᠪᠢᠶᠠᠪᠠ ᠭᠡᠰᠡᠨ ᠢᠷᠣ᠎ᠠ ᠦᠵᠡᠭᠳᠡᠭᠰᠡᠨ ᠭᠡᠳᠡᠭ ᠪᠢᠪᠢᠯ  ᠦ᠋ᠨ ᠳᠣᠮᠣᠭ ᠤ᠋ᠨ ᠦᠭᠡ᠃ ᠡᠭᠦᠨ ᠮᠥᠬᠥᠬᠦ ᠴᠠᠭ ᠢᠷᠡᠪᠡ ᠭᠡᠰᠡᠨ ᠤᠳᠬ᠎ᠠ ᠲᠠᠢ ᠬᠡᠷᠡᠭᠯᠡᠳᠡᠭ ᠪᠣᠯᠵᠠᠢ᠃ 
* ᠦᠨᠡᠨ ᠬᠡᠷᠡᠭ᠃
* ᠨᠢᠬᠠᠨ ᠭᠡᠵᠦ ᠮᠠᠨᠵᠤ ᠪᠠᠷ᠂ ᠬᠢᠲᠠᠳ ᠢ᠋ ᠲᠡᠷᠡ ᠴᠠᠭ ᠲᠤ᠌ ᠨᠡᠷᠡᠯᠡᠳᠡᠭ ᠪᠠᠢᠵᠠᠢ᠃ 

       ᠦᠰᠦᠭ ᠠᠮᠢᠯᠠᠭᠤᠯᠤᠭᠴᠢ᠄ ᠪᠠᠯ᠂ ᠣᠶᠣᠨᠪᠠᠲᠤ᠂ ᠮᠧᠢ ᠬᠤᠸᠠ᠂ ᠪᠠᠳᠮᠠᠰᠡᠴᠡᠨ᠂ 
                               ᠰᠠᠷᠠᠨᠲᠤᠶᠠᠭ᠎ᠠ᠂ ᠤᠢᠭᠤᠷᠵᠢᠨ·ᠣᠳᠬᠣᠨᠪᠠᠪᠠ᠂ ᠣᠶᠤᠨᠪᠢᠯᠢᠭ᠌
          ᠬᠢᠨᠠᠭᠴᠢ᠄ ᠣᠳᠬᠣᠨᠴᠡᠴᠡᠭ᠂ ᠣᠶᠤᠨᠪᠠᠲᠤ᠂ ᠤᠢᠭᠤᠷᠵᠢᠨ·ᠣᠳᠬᠣᠨᠪᠠᠪᠠ᠂ ᠪᠠᠳᠮᠠᠰᠡᠴᠡᠨ᠂ ᠪᠠᠯ
          ᠤᠩᠰᠢᠭᠴᠢ᠄  ᠨᠠᠰᠤᠨ᠌ᠦ᠌ᠯᠵᠡᠢ