ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠨᠢᠭᠡᠳᠦᠭᠡᠷ ᠪᠦᠯᠦᠭ <ᠠᠷᠪᠠᠨ ᠨᠢᠭᠡ> Хан мунын сүүрс < доорд > – Мөнх зохиоов ᠂ Гутгаар бодь – Нэгдүгээр бүлэг <11>
ᠭᠤᠲᠠᠭᠠᠷ ᠪᠣᠲᠢ – ᠨᠢᠭᠡᠳᠦᠭᠡᠷ ᠪᠦᠯᠦᠭ <ᠠᠷᠪᠠᠨ ᠨᠢᠭᠡ>
ᠥᠷᠯᠥᠭᠡ ᠡᠷᠲᠡᠭᠡᠭᠦᠷ ᠮᠠᠭᠠᠵᠢ ᠶ᠋ᠢᠨ ᠴᠣᠬᠣᠷ ᠤ᠋ᠨ ᠱᠣᠣᠮᠠᠢ ᠶ᠋ᠢᠨ ᠲᠠᠭᠲᠤ ᠶ᠋ᠢᠨ ᠡᠭᠦᠳᠡ ᠣᠩᠭᠣᠢᠮᠠᠭᠴᠠ ᠢᠰᠡᠭᠡᠢ ᠪᠦᠷᠬᠦ ᠶ᠋ᠢ ᠬᠡᠯᠲᠡᠭᠡᠢ ᠳᠠᠷᠤᠭᠰᠠᠨ ᠲᠠᠷᠴᠢᠩᠬᠠᠢ ᠬᠥᠮᠦᠨ ᠡᠩ ᠲᠦᠷᠦᠭᠦᠨ ᠳ᠋ᠦ᠍ ᠣᠷᠣᠵᠤ ᠣᠴᠢᠨ ᠳᠡᠭᠡᠷ᠎ᠡ ᠲᠠᠭᠲᠤ ᠶ᠋ᠢᠨ ᠳᠣᠲᠣᠷ᠎ᠠ ᠥᠷᠥᠭᠡᠨ ᠳ᠋ᠦ᠍ ᠰᠠᠭᠠᠳᠠᠪᠠ᠃
ᠡᠨᠡ ᠬᠥᠮᠦᠨ ᠪᠣᠯ ᠥᠯᠵᠡᠢᠰᠠᠩ ᠪᠠᠢᠯ᠎ᠠ᠃
ᠥᠯᠵᠡᠢᠰᠠᠩ ᠢ᠋ ᠳᠥᠩᠭᠡᠵᠦ ᠰᠠᠨᠳᠠᠯᠢ ᠲᠠᠲᠠᠵᠤ ᠰᠠᠭᠤᠬᠤ ᠭᠡᠲᠡᠯ᠎ᠡ ᠴᠠᠭᠠᠨ ᠲᠣᠭᠣᠷᠴᠣᠭᠲᠤ ᠵᠠᠭᠤᠰᠢ ᠵᠠᠬᠢᠶᠠᠯᠠᠭ᠎ᠠ ᠶ᠋ᠢᠨ ᠵᠠᠷᠤᠳᠠᠰᠤ ᠥᠷᠥᠭᠡᠨ ᠦ᠌ ᠡᠯᠭᠦᠪᠴᠢ ᠶ᠋ᠢ ᠰᠡᠬᠦᠨ ᠨᠠᠪᠲᠠᠰᠬᠢᠨ ᠣᠷᠣᠵᠤ ᠢᠷᠡᠭᠡᠳ᠄
— ᠡᠷᠭᠢᠨ ᠠᠪᠤᠭᠠᠢ ᠲᠠ ᠥᠨᠥᠳᠥᠷ ᠮᠠᠨ ᠤ᠋ ᠱᠣᠣᠮᠠᠢ ᠶ᠋ᠢᠨ ᠲᠠᠭᠲᠤ ᠶ᠋ᠢᠨ ᠮᠠᠢᠮᠠᠢ ᠶ᠋ᠢᠨ ᠬᠡᠢ ᠮᠣᠷᠢ ᠶ᠋ᠢ ᠮᠢᠯᠢᠶᠠᠭᠰᠠᠨ ① ᠠᠩᠬᠠᠨ ᠤ᠋ ᠵᠣᠴᠢᠨ ᠪᠣᠯᠬᠣᠷ ᠡᠷᠲᠡ ᠶ᠋ᠢᠨ ᠮᠡᠨᠳᠦ ᠪᠠᠷᠢᠵᠤ᠂ ᠬᠣᠶᠠᠷ ᠯᠠᠩ ᠱᠣᠣᠮᠠᠢ ᠲᠥᠯᠥᠪᠦᠷᠢ ᠦᠭᠡᠢ ᠱᠠᠩᠨᠠᠵᠤ ᠥᠭᠭᠦᠶ᠎ᠡ! ᠭᠡᠵᠦ ᠶᠡᠬᠡᠳᠡ ᠶᠠᠩ ᠲᠡᠳᠡᠨ ᠤᠷᠲᠤᠯᠠᠭᠤᠯᠤᠨ ᠶᠠᠷᠢᠪᠠᠯ᠂ ᠥᠯᠵᠡᠢᠰᠠᠩ᠄
— ᠵᠠ᠂ ᠵᠠ ᠲᠡᠷᠡ ᠴᠦ᠍ ᠶᠠᠭᠠᠬᠢᠬᠤ ᠪᠣᠢ! ᠮᠠᠢᠮᠠᠢ ᠱᠣᠣᠮᠠᠢ ᠶ᠋ᠢᠨ ᠴᠢᠨᠢ ᠣᠷᠣᠯᠭ᠎ᠠ ᠨᠡᠮᠡᠭᠳᠡᠲᠦᠭᠡᠢ᠃ ᠬᠣᠶᠠᠷ ᠯᠠᠩ ᠤ᠋ᠨ ᠳᠡᠭᠡᠷ᠎ᠡ ᠭᠤᠷᠪᠠᠨ ᠯᠠᠩ ᠱᠣᠣᠮᠠᠢ ᠨᠡᠮᠡᠵᠦ᠂ ᠡᠨᠡ ᠲᠡᠷᠡ ᠵᠠᠭᠤᠰᠢ᠂ ᠨᠢᠭᠡ ᠬᠤᠯᠤ ᠠᠷᠢᠬᠢ ᠬᠠᠯᠠᠭᠠᠭᠠᠷᠠᠢ! ᠭᠡᠰᠡᠨ ᠳ᠋ᠦ᠍ ᠲᠡᠷᠡ ᠴᠠᠭᠠᠨ ᠲᠣᠭᠣᠷᠴᠣᠭᠲᠤ《ᠵᠠ᠂ ᠲᠡᠭᠡᠶ᠎ᠡ》 ᠭᠡᠳ ᠭᠠᠷᠬᠤ ᠭᠡᠲᠡᠯ᠎ᠡ ᠥᠯᠵᠡᠢᠰᠠᠩ᠄
— ᠪᠠᠢᠵᠠ! ᠮᠠᠢ ᠭᠡᠳ ᠨᠢᠭᠡ ᠮᠥᠩᠭᠥᠨ ᠵᠣᠭᠣᠰ ᠱᠠᠩᠨᠠᠭᠰᠠᠨ ᠳ᠋ᠤ᠌ ᠥᠨᠥᠬᠢ ᠴᠠᠭᠠᠨ ᠲᠣᠭᠣᠷᠴᠣᠭᠲᠤ ᠵᠠᠷᠤᠳᠠᠰᠤ ᠮᠡᠬᠦᠢᠨ《ᠭᠢᠯᠠᠢᠯ᠎ᠠ》 ᠭᠡᠰᠡᠨ ᠮᠠᠶᠢᠭᠲᠠᠢ ᠶᠣᠰᠣ ᠬᠢᠭᠡᠳ ᠤᠯᠠᠮ ᠬᠥᠯ ᠨᠢ ᠬᠥᠩᠭᠡᠷᠡᠵᠦ《ᠡᠨᠡ ᠳᠣᠲᠣᠷ᠎ᠠ ᠥᠷᠥᠭᠡᠨ ᠳ᠋ᠦ᠍ ᠴᠢᠨᠢ ᠭᠬᠢᠷ ᠬᠠᠯᠳᠠᠭᠠᠬᠤ ᠦᠭᠡᠢ》 ᠭᠡᠳ ᠴᠢᠨᠠᠭᠰᠢ ᠵᠢᠷᠣᠭᠠᠯᠠᠵᠠᠢ᠃
ᠥᠯᠵᠡᠢᠰᠠᠩ ᠠᠯᠢ ᠡᠷᠲᠡ ᠡᠴᠡ ᠮᠠᠨᠴᠤᠷᠭ᠎ᠠ ᠲᠠᠢ ᠠᠲᠠᠭ᠎ᠠ ᠵᠢᠲᠥᠭᠡ ᠲᠡᠢ ᠪᠣᠯᠵᠤ᠂ ᠠᠯᠢ ᠨᠢᠭᠡ ᠡᠳᠦᠷ ᠴᠢᠮᠠᠶ᠋ᠢ ᠶᠠᠭᠠᠬᠢᠶ᠎ᠠ ᠳᠠ ᠪᠠᠢᠵᠠ ᠭᠡᠵᠦ ᠠᠲᠠᠭ᠎ᠠ ᠬᠣᠷᠣ ᠮᠠᠨᠠᠵᠤ ᠠᠭᠰᠠᠨ ᠢ᠋ ᠬᠡᠯᠡᠬᠦ ᠦᠭᠡᠢ᠂ ᠮᠠᠨᠴᠤᠷᠭ᠎ᠠ ᠴᠡᠴᠡᠭ ᠬᠠᠲᠤᠨ ᠲᠠᠢ ᠬᠥᠯ ᠲᠡᠢ ᠪᠣᠯᠤᠭᠰᠠᠨ ᠤᠴᠢᠷ ᠢ᠋ ᠠᠵᠢᠭ ᠮᠡᠳᠡᠵᠦ ᠰᠡᠭᠦᠯ ᠳ᠋ᠦ᠍ᠨᠢ ᠤᠴᠢᠷ ᠶᠠᠪᠤᠳᠠᠯ ᠢ᠋ ᠯᠡᠪᠡᠷᠡᠭᠦᠯᠦᠨ ᠪᠠᠷᠠᠭᠤᠨ ᠬᠦᠩ ᠦ᠋ᠨ ᠶᠠᠮᠤᠨ ᠳ᠋ᠤ᠌ ᠶᠡᠬᠡ ᠭᠠᠢ ᠲᠠᠷᠢᠭᠰᠠᠨ ᠤᠷᠰᠢᠭ ᠤ᠋ᠨ ᠦᠨᠳᠦᠰᠦ ᠪᠤᠶᠤ᠃ ᠲᠡᠢᠨ ᠬᠦ᠌ ᠮᠠᠨᠴᠤᠷᠭ᠎ᠠ ᠲᠠᠢ ᠥᠰᠢᠯᠳᠦᠵᠦ ᠥᠪᠡᠷ ᠢ᠋ ᠪᠡᠨ ᠴᠢᠨᠣ᠎ᠠ ᠶ᠋ᠢᠨ ᠬᠣᠭᠣᠯᠠ ᠪᠣᠯᠭᠠᠴᠢᠬᠠᠬᠤ ᠳᠡᠭᠡᠷ᠎ᠡ ᠬᠦᠷᠦᠭᠰᠡᠨ ᠢ᠋ ᠰᠠᠨᠠᠮᠰᠠᠷ ᠦᠭᠡᠢ ᠵᠠᠮ ᠲᠠᠭᠠᠷᠠᠭᠰᠠᠨ ᠠᠩᠴᠢᠨᠵᠠᠪ ᠠᠪᠤᠷᠠᠭᠰᠠᠨ ᠰᠠᠨᠵᠠᠢ᠃ ᠲᠡᠭᠡᠭᠰᠡᠭᠡᠷ ᠤᠯᠠᠮ ᠮᠠᠨᠴᠤᠷᠭ᠎ᠠ ᠶ᠋ᠢ ᠶᠠᠰᠤᠨ ᠳ᠋ᠠᠭᠠᠨ ᠣᠷᠣᠲᠠᠯ᠎ᠠ ᠬᠣᠷᠣᠰᠤᠨ《ᠮᠠᠨᠴᠤᠷᠭ᠎ᠠ ᠴᠢᠮᠠᠶ᠋ᠢ ᠡᠨᠡ ᠬᠣᠷᠸ᠎ᠠ ᠶ᠋ᠢᠨ ᠲᠠᠪᠴᠠᠩ ᠠ᠋ᠴᠠ ᠨᠡᠷ᠎ᠡ ᠶ᠋ᠢ ᠴᠢᠨᠢ ᠬᠤᠰᠤᠵᠤ ᠬᠠᠶᠠᠬᠤ ᠦᠭᠡᠢ ᠪᠣᠯ ᠥᠪᠡᠷ ᠢ᠋ᠶ᠋ᠡᠨ ᠪᠢ ᠦᠬᠦᠬᠦ ᠶ᠋ᠢᠨ ᠮᠠᠭᠤ ᠪᠠᠷ ᠦᠬᠦ!》 ᠭᠡᠵᠦ ᠠᠨᠳᠠᠭᠠᠢ ᠲᠠᠯᠪᠢᠨ ᠰᠡᠮᠡᠬᠡᠷ ᠲᠣᠬᠢᠶᠠᠯ ᠬᠦᠯᠢᠶᠡᠵᠦ ᠰᠠᠭᠤᠵᠠᠢ᠃ ᠰᠢᠷ᠎ᠠ ᠴᠡᠷᠢᠭ ᠣᠷᠣᠵᠤ ᠢᠷᠡᠭᠰᠡᠨ ᠨᠢ ᠦᠯᠵᠡᠢᠰᠠᠩ ᠤ᠋ᠨ ᠠᠪᠢᠶᠠᠰ ᠴᠢᠳᠠᠪᠤᠷᠢ ᠪᠠᠨ ᠭᠠᠢᠬᠠᠭᠤᠯᠬᠤ ᠰᠠᠢᠨ ᠲᠣᠬᠢᠶᠠᠯ ᠪᠣᠯᠪᠠ᠃ ᠲᠡᠷᠡ ᠪᠡᠷ ᠰᠢᠷ᠎ᠠ ᠴᠡᠷᠢᠭ ᠲᠦ᠍ ᠬᠡᠯᠡᠮᠦᠷᠴᠢ᠂ ᠭᠠᠵᠠᠷᠴᠢ ᠪᠣᠯᠤᠭᠰᠠᠨ ᠪᠠᠭ ᠵᠡᠭᠦᠵᠦ᠂ ᠶᠡᠬᠡ ᠯᠡ ᠰᠦᠷ ᠮᠠᠨᠳᠤᠭᠤᠯᠳᠠᠭ ᠪᠣᠯᠪᠠ᠃ ᠦᠯᠵᠡᠢᠰᠠᠩ ᠰᠢᠷ᠎ᠠ ᠴᠡᠷᠢᠭ ᠦ᠋ᠨ ᠥᠮᠥᠭ ᠲᠦᠰᠢᠭ ᠢ᠋ ᠠᠰᠢᠭᠯᠠᠵᠤ ᠮᠠᠨᠴᠤᠷᠭ᠎ᠠ ᠶ᠋ᠢ ᠦᠭᠡᠢ ᠬᠢᠬᠦ ᠦᠭᠡᠢ ᠪᠣᠯ ᠡᠯᠳᠡᠩᠭᠡ ᠨᠣᠶᠠᠨ ᠲᠣᠯᠣᠭᠠᠢ ᠨᠢ ᠥᠨᠳᠡᠢᠭᠰᠡᠭᠡᠷ ᠴᠦ᠍ ᠬᠡᠷᠡᠭ ᠪᠢᠰᠢᠳᠡᠵᠦ᠂ ᠮᠠᠨᠴᠤᠷᠭ᠎ᠠ ᠴᠦ᠍ ᠶᠠᠭᠤ ᠪᠣᠯᠵᠤ ᠰᠠᠭᠰᠠᠯᠵᠠᠬᠤ ᠶ᠋ᠢ ᠪᠦᠦ ᠮᠡᠳᠡ! ᠡᠷᠲᠡᠬᠡᠨ ᠭᠠᠷ ᠬᠥᠳᠡᠯᠬᠦ ᠦᠭᠡᠢ ᠪᠣᠯ ᠪᠡᠶ᠎ᠡ ᠳ᠋ᠦ᠍ᠨᠢ ᠠᠰᠢᠭ ᠦᠭᠡᠢ ᠮᠥᠷᠲᠡᠭᠡᠨ ᠡᠷᠭᠢᠭᠡᠳ ᠬᠣᠣᠷ ᠠᠮᠰᠠᠵᠤ ᠮᠡᠳᠡᠨ᠎ᠡ ᠭᠡᠳᠡᠭ ᠢ᠋ ᠤᠳᠠᠭᠠᠨ ᠪᠢᠰᠢᠯᠭᠠᠵᠤ ᠶᠠᠪᠤᠲᠠᠯ᠎ᠠ᠂ ᠰᠢᠷ᠎ᠠ ᠴᠡᠷᠢᠭ ᠦ᠋ᠨ ᠠᠭᠸᠠᠩ ᠨᠣᠶᠠᠨ ᠪᠠᠷᠠᠭᠤᠨ ᠬᠦᠩ ᠦ᠋ᠨ ᠶᠠᠮᠤᠨ ᠤ᠋ ᠴᠡᠷᠢᠭ ᠵᠠᠬᠢᠷᠬᠤ ᠲᠤᠸᠠᠨᠵᠠᠩ ᠢ᠋ᠶ᠋ᠠᠷ ᠥᠪᠡᠷ ᠢ᠋ ᠨᠢ ᠲᠠᠯᠪᠢᠬᠤ ᠪᠠᠷ ᠵᠢᠱ᠌ᠢᠵᠦ ᠠᠭᠰᠠᠨ ᠳ᠋ᠤ᠌ ᠡᠮᠦᠨᠡᠭᠦᠷ ᠨᠢ ᠦᠬᠦᠳᠡᠭ ᠦᠭᠡᠢ ᠮᠠᠭᠤ ᠡᠯᠳᠡᠩᠭᠡ ᠲᠤᠰᠠᠯᠠᠭᠴᠢ ᠬᠥᠨᠳᠡᠯᠡᠨ ᠬᠥᠰᠢᠭᠡᠰᠦ ᠪᠣᠯᠵᠤ᠂ ᠬᠦᠦ ᠮᠠᠨᠴᠤᠷᠭ᠎ᠠ ᠪᠠᠨ ᠴᠡᠷᠢᠭ ᠵᠠᠬᠢᠷᠬᠤ ᠪᠠᠷᠠᠭᠤᠨ ᠭᠠᠷ ᠤ᠋ᠨ ᠲᠤᠸᠠᠨᠵᠠᠩ ᠪᠣᠯᠭᠠᠬᠤ ᠭᠡᠰᠡᠨ ᠮᠠᠭᠤ ᠢᠷᠣ᠎ᠠ ᠶ᠋ᠢᠨ ᠰᠣᠨᠣᠰᠬᠠᠯ ᠮᠣᠳᠣᠨ ᠬᠤᠳᠠᠷᠭ᠎ᠠ ᠲᠠᠢ ᠶᠤᠮ ᠰᠢᠭ᠋ ᠴᠢᠬᠢ ᠶ᠋ᠢ ᠨᠢ ᠳᠡᠯᠡᠳᠴᠡᠢ᠃ ᠥᠯᠵᠡᠢᠰᠠᠩ ᠤ᠋ᠨ ᠳᠣᠲᠣᠷ᠎ᠠ ᠰᠢᠲᠠᠵᠤ《ᠡᠨᠡ ᠮᠠᠨᠴᠤᠷᠭ᠎ᠠ ᠶ᠋ᠢ ᠡᠷᠲᠡᠬᠡᠨ ᠤᠬᠠᠭᠠᠨ ᠬᠢᠬᠦ ᠦᠭᠡᠢ ᠪᠣᠯ ᠥᠪᠡᠷ ᠦ᠋ᠨ ᠬᠢᠨᠢ ᠨᠢᠭᠡ ᠨᠠᠰᠤᠨ ᠤ᠋ ᠭᠠᠢ ᠲᠣᠳᠬᠠᠷ!》 ᠭᠡᠳ ᠨᠠᠷᠢᠨ ᠲᠤᠩᠭᠠᠵᠤ ᠪᠣᠳᠣᠭᠠᠳ ᠬᠠᠷ᠎ᠠ ᠨᠢᠳᠦᠲᠦ ᠶ᠋ᠢ ᠪᠠᠰᠠ ᠨᠢᠭᠡ ᠠᠰᠢᠭᠯᠠᠬᠤ ᠶ᠋ᠢ ᠰᠠᠨᠠᠪᠠ᠃
ᠥᠯᠵᠡᠢᠰᠠᠩ᠂ ᠰᠠᠭᠠᠯᠢᠴᠢᠨ ᠰᠢᠶᠠᠨ ᠳ᠋ᠤ᠌ ᠪᠠᠢᠳᠠᠭ ᠵᠠᠩ ᠣᠪᠣᠭ ᠲᠠᠢ ᠰᠠᠢᠨ ᠲᠠᠨᠢᠯ᠂ ᠬᠠᠷ᠎ᠠ ᠲᠠᠮᠠᠬᠢᠨ ᠤ᠋ ᠴᠢᠳᠬᠥᠷ ᠢ᠋ ᠡᠷᠢᠵᠦ ᠣᠴᠢᠨ ᠪᠠᠭ᠎ᠠ ᠰᠠᠭ᠎ᠠ ᠰᠠᠢᠨ ᠬᠠᠷ᠎ᠠ ᠲᠠᠮᠠᠬᠢ ᠥᠭᠴᠦ ᠬᠡᠳᠦᠨ ᠮᠥᠩᠭᠥᠨ ᠵᠣᠭᠣᠰ ᠬᠠᠨᠴᠤᠢᠯᠠᠭᠤᠯᠤᠭᠠᠳ᠄
— ᠴᠢ ᠥᠨᠥᠬᠢ ᠬᠠᠷ᠎ᠠ ᠨᠢᠳᠦᠲᠦ ᠶ᠋ᠢ ᠣᠯᠤᠭᠠᠳ ᠨᠠᠳᠠ ᠠᠭᠤᠯᠵᠠᠭᠤᠯ! ᠶᠡᠬᠡ ᠠᠰᠢᠭ ᠪᠣᠢ ᠭᠡᠵᠦ ᠶᠠᠷᠢ! ᠭᠡᠰᠡᠨ ᠳ᠋ᠦ᠍ ᠥᠨᠥᠬᠢ ᠵᠠᠩ ᠣᠪᠣᠭᠲᠤ ᠭᠠᠷ ᠳᠠᠬᠢ ᠨᠡᠯᠢᠶᠡᠳ ᠣᠯᠵᠠ ᠪᠠᠨ ᠬᠠᠷᠠᠵᠤ ᠣᠮᠣᠭᠰᠢᠨ᠄
— ᠪᠣᠯᠤᠨ᠎ᠠ᠂ ᠪᠣᠯᠤᠨ᠎ᠠ᠁ ᠲᠡᠭᠡᠯ᠎ᠡ ᠭᠡᠳ᠁ ᠡᠷᠡᠭᠡᠯᠵᠡᠭᠰᠡᠨ ᠳᠦᠷᠢ ᠦᠵᠡᠭᠦᠯᠪᠡ᠃
— ᠶᠠᠭᠠᠬᠢᠪᠠ? ᠶᠠᠭᠤᠨ ᠳ᠋ᠤ᠌ ᠲᠠᠲᠠᠭᠠᠯᠵᠠᠪᠠ?
— ᠪᠠᠰᠠ ᠰᠠᠶᠢᠬᠢ ᠮᠠᠨᠴᠤᠷᠭ᠎ᠠ ᠶ᠋ᠢ᠁ ᠬᠠᠷ᠎ᠠ ᠨᠢᠳᠦᠲᠦ ᠪᠡᠷ ᠬᠢᠯᠭᠡᠬᠦ ᠭᠡᠵᠦ ᠤᠤ? ᠭᠡᠵᠦ ᠥᠯᠵᠡᠢᠰᠠᠩ ᠢ᠋ ᠴᠢᠷᠠᠢᠳᠠᠪᠠᠯ ᠦᠯᠵᠡᠢᠰᠠᠩ᠄
— ᠶᠠᠭ ᠳᠠ! ᠴᠢ ᠶᠠᠭᠠᠬᠢᠵᠤ ᠰᠠᠢᠬᠠᠨ ᠣᠨᠣᠭᠠᠵᠤ ᠬᠡᠯᠡᠪᠡ⁈ ᠭᠡᠪᠡ᠃
— ᠣᠳᠣ ᠴᠦ᠍ ᠪᠣᠯᠬᠤ ᠦᠭᠡᠢ ᠪᠠᠢᠬ᠎ᠠ! ᠤᠴᠢᠷ ᠶᠠᠪᠤᠳᠠᠯ ᠭᠡᠭᠴᠢ ᠰᠣᠨᠢᠨ ᠠ᠋᠂ ᠲᠡᠷᠡ ᠵᠢᠯ ᠬᠠᠷ᠎ᠠ ᠨᠢᠳᠦᠲᠦ᠂ ᠮᠠᠨᠴᠤᠷᠭ᠎ᠠ ᠶ᠋ᠢ ᠠᠯᠠᠬᠤ ᠭᠡᠳ ᠴᠢᠳᠠᠭᠰᠠᠨ ᠦᠭᠡᠢ᠂ ᠬᠠᠷ᠎ᠠ ᠨᠢᠳᠦᠲᠦ ᠡᠷᠭᠢᠭᠡᠳ ᠲᠡᠭᠦᠨ ᠲᠡᠢ ᠲᠩᠷᠢ ᠳ᠋ᠦ᠍ ᠮᠥᠷᠭᠥᠭᠰᠡᠨ ᠠᠬ᠎ᠠ ᠳᠡᠭᠦᠦ ᠪᠣᠯᠤᠯᠴᠠᠭᠰᠠᠨ᠁ ᠭᠡᠵᠦ ᠥᠨᠥᠬᠢ ᠵᠠᠩ ᠣᠪᠣᠭᠲᠤ ᠭᠠᠷ ᠲᠠᠬᠢ ᠪᠠᠨ ᠴᠦᠩᠬᠦᠯᠡᠵᠦ ᠴᠦ᠍ ᠴᠢᠳᠠᠬᠤ ᠦᠭᠡᠢ ᠪᠤᠴᠠᠭᠠᠬᠤ ᠴᠦ᠍ ᠵᠣᠷᠢᠭ ᠬᠦᠷᠬᠦ ᠦᠭᠡᠢ ᠬᠣᠶᠠᠷ ᠭᠠᠷ ᠨᠢ ᠦᠯᠦ ᠮᠡᠳᠡᠭ ᠰᠠᠯᠭᠠᠨᠠᠭᠰᠠᠨ ᠢ᠋ ᠬᠠᠷᠠᠭᠰᠠᠨ ᠥᠯᠵᠡᠢᠰᠠᠩ ᠬᠢᠵᠠᠭᠠᠯᠠᠩ ᠢᠮᠠᠭ᠎ᠠ ᠮᠠᠢᠯᠠᠬᠤ ᠰᠢᠭ᠋ ᠢᠨᠢᠶᠡᠵᠦ᠄
— ᠮᠠᠭᠤ ᠲᠡᠨᠡᠭ! ᠲᠡᠷᠡ ᠬᠣᠶᠠᠷ ᠲᠩᠷᠢ ᠳ᠋ᠦ᠍ ᠮᠥᠷᠭᠥᠭᠰᠡᠨ ᠠᠬ᠎ᠠ ᠳᠡᠭᠦᠦ ᠪᠣᠯᠤᠯᠴᠠᠭᠰᠠᠨ ᠪᠣᠯ ᠪᠦᠷ ᠰᠠᠢᠨ᠃ ᠮᠣᠳᠣᠨ ᠤ᠋ ᠳᠠᠢᠰᠤᠨ ᠰᠦᠬᠡ ᠪᠣᠯᠪᠠᠴᠤ᠂ ᠰᠦᠬᠡᠨ ᠦ᠌ ᠡᠰᠢ ᠨᠢ ᠮᠣᠳᠣ ᠭᠡᠳᠡᠭ ᠮᠡᠷᠭᠡᠨ ᠦᠭᠡ ᠪᠠᠢᠳᠠᠭ ᠰᠢᠲᠠ! ᠭᠡᠵᠡᠢ᠃
— ᠁
— ᠴᠢ ᠴᠠᠭᠠᠨ᠎ᠠ ᠨᠠᠭᠠᠨ᠎ᠠ᠂ ᠪᠣᠯᠬᠤ ᠪᠣᠯᠬᠤ ᠦᠭᠡᠢ ᠤᠴᠢᠷ ᠢ᠋ ᠬᠠᠮᠢᠶᠠᠷᠬᠤ ᠬᠡᠷᠡᠭ ᠦᠭᠡᠢ᠃ ᠥᠨᠥᠳᠥᠷ ᠵᠥᠪᠬᠡᠨ ᠬᠠᠷ᠎ᠠ ᠨᠢᠳᠦᠲᠦ ᠶ᠋ᠢ ᠪᠤᠭᠤᠲᠤ ᠶ᠋ᠢᠨ ᠮᠠᠭᠠᠵᠢ ᠶ᠋ᠢᠨ ᠴᠣᠬᠣᠷ ᠤ᠋ᠨ ᠱᠣᠣᠮᠠᠢ ᠶ᠋ᠢᠨ ᠲᠠᠭᠲᠤ ᠳ᠋ᠤ᠌ ᠨᠠᠳᠠ ᠲᠠᠢ ᠠᠭᠤᠯᠵᠠᠬᠤ ᠪᠠᠷ ᠣᠴᠢ ᠭᠡᠳ ᠪᠠᠲᠤᠲᠠᠢ ᠬᠡᠯᠡ ᠬᠦᠷᠭᠡᠴᠡᠭᠡᠪᠡᠯ ᠴᠢᠨᠦ ᠡᠭᠦᠷᠭᠡ ᠭᠦᠢᠴᠡᠭᠰᠡᠨ ᠨᠢ ᠲᠡᠷᠡ! ᠡᠭᠦᠨ ᠡᠴᠡ ᠣᠨᠳᠣᠣ ᠶᠡᠬᠡ ᠶᠠᠪᠤᠳᠠᠯ ᠢ᠋ ᠪᠦᠲᠦᠭᠡᠵᠦ ᠶᠡᠬᠡ ᠮᠥᠩᠭᠥ ᠡᠪᠦᠷᠲᠦᠯᠡᠬᠦ ᠲᠡᠩᠬᠡᠭᠡ ᠴᠢᠮ᠎ᠠ ᠳ᠋ᠤ᠌ ᠠᠯᠠᠭ᠎ᠠ᠃
— ᠶᠠᠭᠠᠬᠢᠭᠠᠳ?
— ᠴᠢ ᠪᠡᠶ᠎ᠡ ᠡᠴᠡ ᠪᠡᠨ ᠠᠰᠠᠭᠤ᠃ ᠲᠡᠷᠡ ᠵᠢᠯ ᠬᠠᠷ᠎ᠠ ᠨᠢᠳᠦᠲᠦ ᠪᠡᠷ ᠮᠠᠨᠴᠤᠷᠭ᠎ᠠ ᠶ᠋ᠢ ᠴᠠᠭᠠᠰᠢ ᠨᠢ ᠬᠠᠨᠳᠤᠭᠤᠯᠬᠤ ᠡᠭᠦᠷᠭᠡ ᠬᠦᠯᠢᠶᠡᠵᠦ ᠠᠪᠤᠭᠠᠳ ᠶᠠᠭᠠᠬᠢᠪᠠ? ᠤᠴᠢᠷ ᠴᠣ ᠪᠦᠲᠦᠭᠡᠭᠰᠡᠨ ᠦᠭᠡᠢ ᠮᠥᠷᠲᠡᠭᠡᠨ ᠶᠡᠬᠡ ᠮᠥᠩᠭᠥ ᠭᠠᠷᠤᠵᠠᠳᠠᠭᠤᠯᠤᠭᠰᠠᠨ ᠢ᠋ᠶ᠋ᠠᠨ ᠮᠠᠷᠲᠠᠭ᠎ᠠ ᠦᠭᠡᠢ ᠪᠢᠵᠡ⁈ ᠭᠡᠰᠡᠨ ᠳ᠋ᠦ᠍ ᠵᠠᠩ ᠣᠪᠣᠭᠲᠤ ᠮᠡᠯᠡᠷᠡᠪᠡ᠃
᠁
ᠬᠠᠷ᠎ᠠ ᠨᠢᠳᠦᠲᠦ ᠪᠣᠯᠵᠣᠭᠰᠠᠨ ᠢ᠋ᠶ᠋ᠠᠷ ᠢ᠋ᠶ᠋ᠠᠨ ᠮᠠᠭᠠᠵᠢ ᠶ᠋ᠢᠨ ᠴᠣᠬᠣᠷ ᠤ᠋ᠨ ᠱᠣᠣᠮᠠᠢ ᠶ᠋ᠢᠨ ᠲᠠᠭᠲᠤ ᠳ᠋ᠤ᠌ ᠢᠷᠡᠵᠦ ᠥᠯᠵᠡᠢᠰᠠᠩ ᠲᠠᠢ ᠠᠭᠤᠯᠵᠠᠵᠤ ᠲᠠᠨᠢᠯᠴᠠᠵᠠᠢ᠃
ᠬᠠᠷ᠎ᠠ ᠨᠢᠳᠦᠲᠦ ᠭᠡᠳᠡᠭ ᠡᠷ᠎ᠡ ᠪᠣᠯᠪᠠᠰᠤ ᠪᠠᠯᠠᠮᠠᠳ ᠵᠠᠩᠲᠠᠢ ᠬᠠᠬᠢᠷ ᠬᠥᠮᠦᠨ ᠦ᠌ ᠨᠢᠭᠡᠨ᠃ ᠣᠯᠵᠠ ᠠᠰᠢᠭ ᠲᠤ ᠡᠴᠢᠭᠡ ᠡᠬᠡ ᠪᠡᠨ ᠬᠤᠳᠠᠯᠳᠤᠬᠤ ᠠ᠋ᠴᠠ ᠪᠤᠴᠠᠬᠤ ᠦᠭᠡᠢ ᠰᠢᠨᠤᠭ ᠠᠮᠢᠲᠠᠨ᠃ ᠲᠡᠷᠡ ᠰᠠᠭᠠᠯᠢᠴᠢᠨ᠂ ᠲᠣᠭᠲᠠᠬᠤ᠂ ᠵᠦᠩᠭᠠᠷ᠂ ᠳᠠᠯᠠᠳ ᠬᠣᠰᠢᠭᠤ᠂ ᠮᠤᠨᠠ ᠶ᠋ᠢᠨ ᠠᠷᠤ ᠥᠪᠥᠷ ᠦᠭᠡᠢ ᠲᠣᠨᠣᠭ᠎ᠠ ᠳᠡᠭᠡᠷᠡᠮ ᠬᠢᠵᠦ ᠰᠢᠨᠤᠭ ᠢ᠋ᠶ᠋ᠠᠨ ᠬᠠᠩᠭᠠᠵᠤ ᠶᠠᠪᠤᠬᠤ ᠳ᠋ᠠᠭᠠᠨ ᠶᠠᠭᠤ ᠡᠰᠡ ᠦᠢᠯᠡᠳᠦᠭᠰᠡᠨ ᠠᠵᠢ᠃
ᠲᠡᠢᠨ ᠬᠦ᠌ ᠥᠯᠵᠡᠢᠰᠠᠩ ᠬᠠᠷ᠎ᠠ ᠨᠢᠳᠦᠲᠦ ᠶ᠋ᠢᠨ ᠡᠳ᠋ ᠠᠰᠢᠭ᠂ ᠡᠮᠡᠰ ᠥᠬᠢᠳ ᠲᠦ᠍ ᠳᠤᠷᠠᠲᠠᠢ ᠵᠠᠩ ᠢ᠋ ᠠᠰᠢᠭᠯᠠᠵᠤ ᠮᠠᠭᠠᠵᠢ ᠶ᠋ᠢᠨ ᠴᠣᠬᠣᠷ ᠤ᠋ᠨ ᠱᠣᠣᠮᠠᠢ ᠶ᠋ᠢᠨ ᠲᠠᠭᠲᠤ ᠳ᠋ᠤ᠌ ᠡᠯᠪᠡᠭ ᠰᠢᠷᠡᠭᠡ ᠵᠠᠰᠠᠨ᠂ ᠠᠷᠢᠬᠢ ᠳᠠᠷᠠᠰᠤ᠂ ᠬᠠᠷ᠎ᠠ ᠲᠠᠮᠠᠬᠢ᠂ ᠳᠠᠭᠤᠴᠢ ᠡᠮ᠎ᠡ ᠶ᠋ᠢᠨ ᠠᠯᠢᠨ ᠢ᠋ ᠴᠦ᠍ ᠳᠤᠲᠠᠬᠤ ᠦᠭᠡᠢ ᠬᠠᠩᠭᠠᠯᠲᠠ ᠲᠠᠢ ᠵᠣᠴᠢᠯᠠᠭᠰᠠᠨ ᠢ᠋ᠶ᠋ᠠᠷ ᠲᠡᠭᠦᠨ ᠦ᠌ ᠰᠡᠳᠬᠢᠯ ᠢ᠋ ᠣᠯᠵᠤ ᠢᠲᠡᠭᠡᠯ ᠢ᠋ ᠨᠢ ᠬᠣᠨᠵᠢᠪᠠ᠃
ᠮᠥᠨ ᠡᠢᠨ ᠬᠦ᠌ ᠮᠠᠭᠠᠵᠢ ᠶ᠋ᠢᠨ ᠴᠣᠬᠣᠷ ᠤ᠋ᠨ ᠱᠣᠣᠮᠠᠢ ᠶ᠋ᠢᠨ ᠲᠠᠭᠲᠤ ᠳ᠋ᠤ᠌ ᠣᠷᠣᠨ ᠭᠠᠷᠤᠨ ᠣᠯᠠᠨ ᠤᠳᠠᠭ᠎ᠠ ᠢᠷᠡᠵᠦ ᠣᠴᠢᠨ ᠶᠠᠪᠤᠯᠴᠠᠬᠤ ᠳ᠋ᠠᠭᠠᠨ ᠬᠠᠷ᠎ᠠ ᠨᠢᠳᠦᠲᠦ᠂ ᠥᠯᠵᠡᠢᠰᠠᠩ ᠢ᠋ ᠮᠥᠩᠭᠥ ᠶᠡᠬᠡᠲᠡᠢ᠂ ᠭᠠᠷ ᠪᠠᠷᠳᠠᠮ ᠭᠡᠵᠦ ᠳᠣᠲᠣᠷ᠎ᠠ ᠠ᠋ᠴᠠ ᠪᠠᠨ ᠪᠢᠰᠢᠷᠡᠭᠰᠡᠨ ᠢ᠋ ᠬᠡᠯᠡᠬᠦ ᠦᠭᠡᠢ᠂ ᠰᠢᠷ᠎ᠠ ᠴᠡᠷᠢᠭ ᠦ᠋ᠨ ᠡᠮᠦᠨ᠎ᠡ ᠡᠴᠡ ᠶᠡᠬᠡ ᠯᠡ ᠣᠮᠣᠭᠲᠠᠢ ᠶᠠᠪᠤᠭ᠎ᠠ ᠳ᠋ᠤ᠌ ᠴᠠᠭᠠᠨ᠎ᠠ ᠠ᠋ᠴᠠ ᠪᠠᠨ ᠪᠠᠬᠠᠷᠠᠬᠤ ᠰᠡᠳᠬᠢᠯ ᠲᠥᠷᠥᠵᠦ ᠪᠠᠢᠯ᠎ᠠ᠃ ᠥᠩᠭᠡ ᠮᠥᠩᠭᠥ ᠠᠰᠢᠭ ᠬᠣᠨᠵᠢᠶᠠᠨ ᠳ᠋ᠤ᠌ ᠰᠦᠨᠡᠰᠦ ᠪᠡᠨ ᠣᠭᠣᠰᠣᠷᠯᠠᠭᠤᠯᠤᠭᠰᠠᠨ ᠬᠠᠷ᠎ᠠ ᠨᠢᠳᠦᠲᠦ ᠨᠢᠭᠡ ᠤᠳᠠᠭᠠᠨ ᠤ᠋ ᠳᠠᠢᠯᠠᠯᠭ᠎ᠠ ᠶ᠋ᠢᠨ ᠠᠷᠢᠬᠢᠨ ᠳ᠋ᠤ᠌ ᠶᠡᠬᠡᠳᠡ ᠬᠠᠯᠠᠮᠰᠠᠵᠤ ᠥᠯᠵᠡᠢᠰᠠᠩ ᠤ᠋ᠨ ᠡᠮᠦᠨ᠎ᠡ ᠲᠦᠰᠬᠢᠲᠡᠯ᠎ᠡ ᠰᠥᠭᠥᠳᠦᠭᠡᠳ᠄
— ᠡᠷᠭᠢᠨ ᠨᠣᠶᠠᠨ ᠠᠬ᠎ᠠ ᠠ᠋᠂ ᠲᠠ ᠬᠡᠯᠡ! ᠣᠯᠳᠣᠢ ᠳᠡᠭᠦᠦ ᠪᠡᠷ ᠢ᠋ᠶ᠋ᠡᠨ ᠶᠠᠭᠤ ᠪᠦᠲᠦᠭᠡᠯᠭᠡᠬᠦ ᠰᠠᠨᠠᠭ᠎ᠠ ᠲᠠᠢ ᠶᠤᠮ? ᠨᠠᠮᠠᠶ᠋ᠢ ᠢᠲᠡᠭᠡᠭᠰᠡᠨ ᠪᠣᠯ ᠡᠷᠡᠭᠡ ᠦᠭᠡᠢ ᠬᠡᠯᠡᠭᠡᠷᠡᠢ! ᠣᠯᠳᠣᠢ ᠳᠡᠭᠦᠦ ᠴᠢᠨᠢ ᠪᠢ ᠲᠠᠨ ᠤ᠋ ᠡᠮᠦᠨ᠎ᠡ ᠡᠴᠡ ᠶᠠᠭᠤ ᠬᠢᠬᠦ ᠡᠴᠡ ᠴᠦ᠍ ᠪᠤᠴᠠᠬᠤ ᠦᠭᠡᠢ! ᠭᠡᠰᠡᠨ ᠳ᠋ᠦ᠍ ᠥᠯᠵᠡᠢᠰᠠᠩ ᠲᠡᠭᠦᠨ ᠢ᠋ ᠡᠷᠭᠦᠨ ᠪᠤᠰᠬᠠᠵᠤ᠄
— ᠴᠢ ᠦᠨᠡᠬᠡᠷ ᠬᠡᠯᠡᠭᠰᠡᠨ ᠦᠭᠡᠨ ᠳ᠋ᠡᠭᠡᠨ ᠡᠵᠡᠨ ᠰᠠᠭᠤᠵᠤ ᠴᠢᠳᠠᠨ᠎ᠠ ᠤᠤ? ᠭᠡᠵᠡᠢ᠃
— ᠪᠢ ᠡᠷ᠎ᠡ ᠬᠥᠮᠦᠨ ᠰᠢᠦ! ᠭᠡᠳ ᠬᠡᠯᠡᠪᠡᠯ ᠦᠭᠡ᠂ ᠭᠢᠰᠬᠢᠪᠡᠯ ᠭᠠᠵᠠᠷ ᠭᠡᠳᠡᠭ ᠡᠷᠡᠮᠡᠬᠡᠢ ᠰᠠᠨᠠᠭ᠎ᠠ ᠪᠠᠨ ᠭᠠᠢᠬᠠᠭᠤᠯᠵᠤ᠂ ᠰᠠᠢᠨ ᠡᠷ᠎ᠡ ᠰᠠᠭᠠᠳᠠᠭ ᠨᠤᠮᠤ ᠶ᠋ᠢᠨ ᠲᠥᠯᠥᠭᠡ ᠶᠠᠭᠤ ᠴᠦ᠍ ᠬᠢᠬᠦ ᠡᠴᠡ ᠪᠤᠴᠠᠬᠤ ᠦᠭᠡᠢ ᠭᠡᠳᠡᠭ ᠢ᠋ᠶ᠋ᠡᠨ ᠨᠡᠷᠡᠯᠬᠡᠬᠦ ᠶ᠋ᠢᠨ ᠲᠥᠯᠥᠭᠡ ᠬᠢᠲᠤᠭ᠎ᠠ ᠰᠤᠭᠤᠯᠤᠨ ᠡᠷᠡᠬᠡᠢ ᠬᠤᠷᠤᠭᠤᠨ ᠤ᠋ ᠪᠠᠨ ᠥᠨᠳᠡᠭᠡ ᠶ᠋ᠢ ᠡᠰᠬᠡᠵᠦ᠂ ᠬᠦᠷᠡᠩ ᠤᠯᠠᠭᠠᠨ ᠴᠢᠰᠤ ᠳᠤᠰᠤᠯᠠᠭᠤᠯᠤᠨ ᠠᠮᠠᠨ ᠳ᠋ᠠᠭᠠᠨ ᠰᠣᠷᠣᠪᠠ᠁
— ᠴᠢ ᠠᠷᠢᠬᠢᠨ ᠤ᠋ ᠬᠦᠴᠦᠨ ᠳ᠋ᠦ᠍ ᠬᠠᠯᠠᠮᠰᠠᠵᠤ ᠶᠡᠬᠡ ᠦᠭᠡ ᠬᠡᠯᠡᠭᠰᠡᠨ ᠪᠢᠰᠢ ᠪᠢᠵᠡ?
— ᠦᠭᠡᠢ᠂ ᠦᠭᠡᠢ! ᠠᠷᠢᠬᠢ ᠬᠥᠮᠦᠨ ᠢ᠋ ᠵᠣᠷᠢᠭ ᠣᠷᠣᠭᠤᠯᠵᠤ ᠤᠯᠠᠮ ᠦᠨᠡᠨ ᠦᠭᠡ ᠬᠡᠯᠡᠭᠦᠯᠬᠦ ᠡᠴᠡ ᠪᠢᠰᠢ᠂ ᠬᠠᠷᠢᠨ ᠬᠤᠳᠠᠯ ᠬᠡᠯᠡᠭᠦᠯᠳᠡᠭ ᠦᠭᠡᠢ ᠶᠦᠮ᠃
— ᠠ᠂ ᠶᠠᠭ ᠮᠥᠨ᠃ ᠴᠢ ᠮᠠᠨᠴᠤᠷᠭ᠎ᠠ ᠶ᠋ᠢ ᠤᠬᠠᠭᠠᠨ ᠬᠢᠵᠦ ᠴᠢᠳᠠᠨ᠎ᠠ ᠤᠤ?
— ᠮᠠᠨᠴᠤᠷᠭ᠎ᠠ ᠶᠢ ᠁ ᠭᠡᠵᠦ ᠡᠭ ᠮᠡᠭ ᠪᠣᠯᠤᠭᠰᠠᠨ ᠳ᠋ᠤ᠌ ᠥᠯᠵᠡᠢᠰᠠᠩ᠄
— ᠮᠠᠨᠴᠤᠷᠭ᠎ᠠ ᠭᠡᠰᠡᠨ ᠳ᠋ᠦ᠍ ᠵᠣᠷᠢᠭ ᠴᠢᠨᠢ ᠮᠣᠬᠣᠴᠢᠬᠠᠯᠠ ᠪᠢᠵᠡ⁈ ᠭᠡᠪᠡ᠃
— ᠦᠭᠡᠢ᠂ ᠦᠭᠡᠢ! ᠮᠠᠨᠴᠤᠷᠭ᠎ᠠ ᠶ᠋ᠢ ᠤᠬᠠᠭᠠᠯᠠᠬᠤ ᠳ᠋ᠤ᠌ ᠡᠪᠲᠡᠢ ᠣᠷᠣᠬᠤ ᠦᠭᠡᠢ ᠪᠣᠯ ᠪᠣᠯᠬᠤ ᠦᠭᠡᠢ ᠭᠡᠵᠦ ᠬᠠᠷ᠎ᠠ ᠨᠢᠳᠦᠲᠦ ᠰᠠᠨᠳᠤᠷᠤᠨ᠎ᠠ᠃
ᠥᠯᠵᠡᠢᠰᠠᠩ᠂ ᠬᠠᠷ᠎ᠠ ᠨᠢᠳᠦᠲᠦ ᠶ᠋ᠢᠨ ᠮᠠᠨᠴᠤᠷᠭ᠎ᠠ ᠭᠡᠬᠦ ᠳ᠋ᠦ᠍ ᠪᠠᠬᠠᠨ ᠲᠦᠳᠡᠭᠡᠯᠵᠡᠵᠦ ᠠᠪᠤᠭᠰᠠᠨ ᠢ᠋ ᠠᠵᠢᠭᠯᠠᠵᠤ ᠮᠡᠳᠡᠭᠡᠳ᠂ ᠬᠣᠶᠠᠷ ᠴᠣᠬᠣᠷ ᠶᠤᠸᠠᠮᠪᠤᠤ᠂ ᠵᠠᠭᠤᠨ ᠴᠠᠭᠠᠨ ᠵᠣᠭᠣᠰ᠂ ᠬᠣᠶᠠᠷ ᠪᠣᠭᠣᠳᠠᠯ ᠬᠠᠷ᠎ᠠ ᠲᠠᠮᠠᠬᠢ ᠵᠡᠷᠭᠡ ᠶ᠋ᠢ ᠰᠢᠷᠡᠭᠡᠨ ᠳᠡᠭᠡᠷ᠎ᠡ ᠬᠠᠷᠴᠢᠭᠢᠨᠠᠲᠠᠯᠠ ᠭᠠᠷᠭᠠᠵᠤ ᠲᠠᠯᠪᠢᠭᠰᠠᠨ ᠳ᠋ᠤ᠌ ᠬᠠᠷ᠎ᠠ ᠨᠢᠳᠦᠲᠦ ᠶ᠋ᠢᠨ ᠣᠯᠵᠠ ᠰᠢᠨᠤᠯ ᠨᠢ ᠦᠷᠪᠢᠰᠦᠨ᠄
— ᠡᠷᠭᠢᠨ ᠨᠣᠶᠠᠨ ᠠ᠋! ᠪᠢ ᠮᠠᠨᠴᠤᠷᠭ᠎ᠠ ᠶ᠋ᠢ ᠯᠠᠪ ᠴᠢᠳᠠᠨ᠎ᠠ᠃ ᠡᠬᠡ ᠶ᠋ᠢᠨ ᠬᠢᠨᠢ ᠤᠩᠬᠤᠷ ᠭᠡᠵᠦ ᠬᠠᠲᠠᠭᠤᠬᠠᠨ ᠳᠤᠤᠭᠠᠷᠪᠠ᠃
— ᠴᠢ ᠮᠠᠨᠴᠤᠷᠭ᠎ᠠ ᠶ᠋ᠢ ᠡᠨᠡ ᠤᠳᠠᠭ᠎ᠠ ᠡᠷᠬᠡᠪᠰᠢ ᠴᠡᠪᠡᠷᠬᠡᠨ ᠬᠢᠬᠦ ᠬᠡᠷᠡᠭᠲᠡᠢ!
— ᠲᠡᠷᠡ ᠯᠠᠪ! ᠭᠡᠰᠡᠨ ᠳ᠋ᠦ᠍ ᠥᠯᠵᠡᠢᠰᠠᠩ᠄
— ᠬᠡᠩ! ᠪᠢᠲᠡᠭᠡᠢ ᠲᠦᠷᠦᠭᠦᠦ ᠤᠳᠠᠭ᠎ᠠ ᠰᠢᠭ᠋ ᠬᠥᠮᠦᠨ ᠢ᠋ ᠬᠢᠬᠦ ᠭᠡᠳ ᠥᠪᠡᠷ ᠢ᠋ᠶ᠋ᠡᠨ ᠬᠢᠭᠳᠡᠴᠢᠬᠡᠬᠦ ᠰᠢᠬᠠᠭᠠᠳ ᠡᠷᠭᠢᠭᠡᠳ ᠲᠥᠷᠥᠭᠰᠡᠨ ᠠᠬ᠎ᠠ ᠳᠡᠭᠦᠦ ᠰᠢᠭ ᠠᠬ᠎ᠠ ᠳᠡᠭᠦᠦ ᠪᠠᠷᠢᠯᠳᠤᠳᠠᠭ ᠬᠤᠳᠠᠷᠭ᠎ᠠ ᠦᠭᠡᠢ ᠠᠵᠢᠯ ᠬᠢᠴᠡᠭᠡ ᠳᠡ! ᠭᠡᠰᠡᠨ ᠳ᠋ᠦ᠍ ᠬᠠᠷ᠎ᠠ ᠨᠢᠳᠦᠲᠦ ᠶ᠋ᠢᠨ ᠳᠣᠲᠣᠷ᠎ᠠ ᠬᠠᠴᠢᠨ ᠡᠪ ᠦᠭᠡᠢ ᠶᠠᠭᠤᠮ᠎ᠠ ᠰᠠᠨᠠᠭᠳᠠᠪᠠ᠃
ᠲᠡᠷᠡ ᠵᠢᠯ ᠦ᠋ᠨ ᠡᠪᠦᠯ ᠴᠠᠰᠤ ᠶᠡᠬᠡᠲᠡᠢ᠃ ᠮᠠᠨᠴᠤᠷᠭ᠎ᠠ ᠵᠡᠷᠭᠡ ᠠᠷᠪᠠᠭᠠᠳ ᠮᠣᠷᠢᠲᠠᠨ ᠮᠤᠨᠠ ᠠᠭᠤᠯᠠ ᠶ᠋ᠢ ᠳᠠᠪᠠᠵᠤ᠂ ᠮᠢᠩᠭᠠᠨ ᠬᠣᠰᠢᠭᠤ ᠶ᠋ᠢ ᠵᠣᠷᠢᠭᠰᠠᠨ ᠵᠠᠮ ᠢ᠋ ᠲᠣᠰᠴᠤ᠂ ᠮᠠᠨᠴᠤᠷᠭ᠎ᠠ ᠶ᠋ᠢ ᠫᠤᠤᠳᠠᠵᠤ ᠠᠯᠠᠬᠤ ᠪᠠᠷ ᠵᠠᠩ ᠣᠪᠣᠭᠲᠤ ᠶ᠋ᠢᠨ ᠪᠤᠵᠠᠷ ᠵᠣᠯᠢᠶᠠᠨ ᠤ᠋ ᠮᠥᠩᠭᠥ ᠶ᠋ᠢ ᠡᠪᠦᠷᠯᠡᠵᠦ ᠶᠠᠪᠤᠭᠠᠳ᠂ ᠠᠷᠠᠢ ᠯᠠ ᠥᠪᠡᠷ ᠦ᠋ᠨ ᠠᠮᠢ ᠪᠠᠨ ᠥᠭᠴᠢᠬᠡᠭᠰᠡᠨ ᠦᠭᠡᠢ ᠶ᠋ᠢ ᠰᠠᠨᠠᠵᠤ ᠠᠢᠳᠠᠰ ᠬᠦᠷᠪᠡ᠃
ᠲᠡᠭᠦᠨ ᠡᠴᠡ ᠬᠣᠢᠰᠢ᠂ ᠬᠠᠷ᠎ᠠ ᠨᠢᠳᠦᠲᠦ ᠮᠠᠨᠴᠤᠷᠭ᠎ᠠ ᠭᠡᠭᠰᠡᠭᠡᠷ ᠵᠢᠷᠦᠬᠡ ᠨᠢ ᠴᠡᠴᠡᠷᠡᠳᠡᠭ ᠪᠣᠯᠵᠠᠢ᠃ ᠠᠷᠭ᠎ᠠ ᠴᠦ᠍ ᠦᠭᠡᠢ ᠳᠡ᠂ ᠠᠮᠢ ᠶ᠋ᠢ ᠨᠢ ᠠᠪᠬᠤ ᠭᠡᠰᠡᠨ ᠠᠯᠠᠭᠤᠷᠴᠢᠨ ᠢ᠋ ᠪᠠᠷᠢᠵᠤ ᠠᠪᠤᠭᠠᠳ ᠠᠮᠠᠨ ᠥᠴᠢᠭ ᠢ᠋ ᠨᠢ ᠠᠪᠴᠤ᠂ ᠠᠮᠢ ᠶ᠋ᠢ ᠨᠢ ᠬᠡᠯᠲᠦᠷᠢᠭᠦᠯᠦᠨ ᠠᠬ᠎ᠠ ᠳᠡᠭᠦᠦ ᠪᠠᠷᠢᠯᠳᠤᠵᠤ ᠴᠢᠳᠠᠳᠠᠭ ᠠᠭᠤᠵᠢᠭᠤ ᠪᠣᠳᠣᠯ ᠲᠠᠢ ᠮᠠᠨᠴᠤᠷᠭ᠎ᠠ ᠠ᠋ᠴᠠ ᠪᠤᠰᠤ ᠬᠡᠨ ᠲᠡᠭᠡᠬᠦ ᠪᠢᠯᠡ᠃ ᠬᠠᠷ᠎ᠠ ᠨᠢᠳᠦᠲᠦ ᠮᠠᠨᠴᠤᠷᠭ᠎ᠠ ᠶ᠋ᠢᠨ ᠶᠡᠬᠡ ᠵᠢᠷᠤᠮ ᠢ᠋ ᠰᠠᠨᠠᠵᠤ᠂ ᠲᠡᠭᠦᠨ ᠦ᠌ ᠳᠣᠣᠷ᠎ᠠ ᠬᠣᠶᠠᠷ ᠦᠭᠡᠢ ᠰᠡᠳᠬᠢᠯ ᠢ᠋ᠶ᠋ᠡᠷ ᠵᠢᠳᠬᠦᠵᠦ ᠶᠠᠪᠤᠭᠰᠠᠨ ᠪᠣᠯᠪᠠᠴᠤ ᠣᠯᠵᠠ ᠠᠰᠢᠭ ᠤ᠋ᠨ ᠲᠥᠯᠥᠭᠡ ᠦᠬᠦᠯᠳᠡᠳᠡᠭ ᠵᠠᠩ ᠢ᠋ᠶ᠋ᠠᠨ ᠬᠠᠶᠠᠵᠤ ᠴᠢᠳᠠᠳᠠᠭ ᠦᠭᠡᠢ ᠯᠦᠳ᠋ ᠦ᠋ᠨ ᠨᠢᠭᠡᠨ ᠪᠠᠢᠭᠰᠠᠨ ᠢ᠋ ᠶᠠᠭᠠᠬᠢᠨᠠᠮ⁈ ᠡᠢᠨ ᠬᠦ᠌ ᠬᠡᠳᠦᠢ ᠪᠢᠰᠢᠷᠡᠵᠦ᠂ ᠠᠶᠤᠨ᠂ ᠰᠦᠷᠳᠡᠳᠡᠭ ᠬᠥᠮᠦᠨ ᠢ᠋ᠶ᠋ᠡᠨ ᠴᠦ᠍ ᠭᠡᠰᠡᠨ ᠠᠲᠠᠭᠠᠷᠬᠠᠨ ᠮᠠᠭᠤ ᠰᠠᠨᠠᠵᠤ ᠶᠠᠪᠤᠬᠤ ᠪᠣᠳᠣᠯ ᠲᠡᠭᠦᠨ ᠦ᠌ ᠳᠣᠲᠣᠷ᠎ᠠ ᠠᠶᠠᠨᠳᠠᠭᠠᠨ ᠤᠷᠭᠤᠵᠤ᠂ ᠠᠰᠢᠭ ᠤ᠋ᠨ ᠲᠥᠯᠥᠭᠡ ᠬᠡᠯᠪᠡᠢᠳᠡᠭ ᠢ᠋ ᠨᠢ ᠮᠠᠨᠴᠤᠷᠭ᠎ᠠ ᠶᠠᠭᠠᠬᠢᠵᠤ ᠮᠡᠳᠡᠬᠦ ᠪᠣᠢ⁈ ᠢᠩᠭᠢᠬᠦ ᠳ᠋ᠦ᠍ ᠣᠳᠣ ᠮᠥᠩᠭᠥᠨ ᠳ᠋ᠦ᠍ ᠰᠢᠨᠤᠭᠰᠠᠨ ᠬᠠᠷ᠎ᠠ ᠨᠢᠳᠦᠲᠦ᠄
— ᠦᠭᠡᠢ᠂ ᠮᠠᠨᠴᠤᠷᠭ᠎ᠠ ᠶ᠋ᠢ ᠤᠬᠠᠭᠠᠯᠠᠬᠤ ᠳ᠋ᠤ᠌ ᠡᠪ ᠳᠠᠮ ᠮᠠᠰᠢ ᠬᠡᠷᠡᠭ ᠲᠡᠢ ᠪᠠᠢᠨ᠎ᠠ᠃ ᠬᠥᠳᠡᠭᠡ ᠬᠡᠭᠡᠷ᠎ᠡ ᠮᠣᠷᠢᠨ ᠳᠡᠭᠡᠷ᠎ᠡ ᠲᠡᠭᠦᠨ ᠲᠡᠢ ᠠᠪᠤᠯᠴᠠᠬᠤ ᠶᠤᠮ ᠪᠣᠯ ᠮᠠᠨᠴᠤᠷᠭ᠎ᠠ ᠲᠠᠢ ᠪᠠᠷᠤᠭ ᠤ᠋ᠨ ᠡᠷ᠎ᠡ ᠬᠠᠪᠢᠳᠠᠬᠤ ᠦᠭᠡᠢ᠃ ᠬᠡᠴᠡᠭᠦᠦ ᠶᠦᠮ ᠠ᠋᠂ ᠮᠣᠩᠭᠣᠯ ᠬᠥᠮᠦᠨ ᠮᠣᠷᠢᠨ ᠳᠡᠭᠡᠷ᠎ᠡ ᠪᠡᠨ ᠭᠠᠷᠤᠭᠰᠠᠭᠠᠷ ᠰᠢᠳᠢ ᠣᠷᠣᠰᠢᠴᠢᠬᠠᠭᠰᠠᠨ ᠰᠢᠭ᠋ ᠯᠡ᠁ ᠬᠡᠴᠡᠭᠦᠦ! ᠭᠡᠪᠡ᠃
— ᠡᠨᠡ ᠤᠳᠠᠭ᠎ᠠ ᠵᠠᠮ ᠲᠣᠰᠴᠤ ᠵᠠᠳᠠᠭᠠᠢ ᠤᠤᠯᠭᠠᠯᠠᠭᠠ ᠬᠢᠬᠦ ᠦᠭᠡᠢ᠃ ᠲᠡᠢᠮᠦ ᠪᠣᠯᠤᠮᠵᠢ ᠴᠦ᠍ ᠠᠯᠠᠭ᠎ᠠ᠃ ᠴᠢᠨᠦ ᠬᠡᠯᠡᠳᠡᠭ ᠢ᠋ᠶ᠋ᠡᠷ ᠮᠣᠷᠢᠨ ᠳᠡᠭᠡᠷ᠎ᠡ ᠪᠤᠶᠤ ᠫᠤᠤ ᠵᠡᠪᠰᠡᠭ ᠬᠥᠳᠡᠯᠭᠡᠬᠦ ᠳ᠋ᠦ᠍ ᠴᠢ ᠲᠡᠭᠦᠨ ᠦ᠌ ᠳᠡᠷᠭᠡᠳᠡ ᠶᠠᠭᠤ ᠴᠦ᠍ ᠪᠢᠰᠢ ᠠ᠋! ᠬᠣᠭᠣᠰᠣᠨ ᠠᠮᠢ ᠪᠠᠨ ᠬᠦᠷᠭᠡᠬᠦ ᠶ᠋ᠢᠨ ᠨᠡᠮᠡᠷᠢ᠃ ᠬᠠᠷᠢᠨ ᠰᠢᠯᠢ ᠶ᠋ᠢ ᠨᠢ ᠮᠠᠭᠠᠵᠢᠵᠤ ᠪᠠᠢᠭᠠᠳ ᠰᠢᠷᠪᠥᠰᠥ ᠶ᠋ᠢ ᠨᠢ ᠰᠤᠭᠤᠯᠬᠤ ᠬᠡᠷᠡᠭᠲᠡᠢ᠃
— ᠁
— ᠤᠬᠠᠭᠠᠨ ᠢ᠋ ᠨᠢ ᠣᠯᠬᠤ ᠦᠭᠡᠢ ᠪᠠᠢᠨ᠎ᠠ ᠤᠤ? ᠢᠳᠡᠵᠦ ᠤᠤᠭᠤᠵᠤ᠂ ᠴᠡᠩᠭᠡᠵᠦ ᠨᠠᠭᠠᠳᠴᠤ ᠪᠠᠢᠭᠠᠳ ᠴᠢᠨᠠᠭᠰᠢ ᠨᠢ ᠬᠠᠨᠳᠤᠭᠤᠯᠤᠨ᠎ᠠ ᠰᠢᠦ ᠳᠡ! ᠭᠡᠰᠡᠨ ᠳ᠋ᠦ᠍ ᠬᠠᠷ᠎ᠠ ᠨᠢᠳᠦᠲᠦ᠄
— ᠪᠣᠯᠤᠨ᠎ᠠ᠂ ᠪᠣᠯᠤᠨ᠎ᠠ᠃ ᠡᠨᠡ ᠠᠮᠠᠷᠬᠠᠨ ᠠ᠋! ᠮᠠᠨᠴᠤᠷᠭ᠎ᠠ ᠶ᠋ᠢᠨ ᠬᠠᠮᠤᠭ ᠤ᠋ᠨ ᠳᠤᠷᠠᠲᠠᠢ ᠨᠢ ᠠᠷᠢᠬᠢ᠂ ᠡᠮ᠎ᠡ ᠬᠣᠶᠠᠷ ᠶᠤᠮ ᠴᠢᠨᠢ᠂ ᠢᠩᠭᠢᠵᠦ ᠤᠬᠠᠭᠠᠯᠠᠬᠤ ᠨᠢ ᠬᠠᠷᠢᠨ ᠪᠣᠯᠤᠨ᠎ᠠ᠃ ᠡᠬᠡ ᠶ᠋ᠢᠨ ᠬᠢᠨᠢ ᠤᠩᠬᠤᠷ᠁ ᠭᠡᠰᠡᠨ ᠳ᠋ᠦ᠍ ᠥᠯᠵᠡᠢᠰᠠᠩ᠄
— ᠶᠠᠮᠠᠷ ᠴᠦ᠍ ᠰᠢᠯᠲᠠᠭ ᠦᠭᠡᠢ ᠪᠡᠷ ᠲᠡᠭᠦᠨ ᠳ᠋ᠦ᠍ ᠠᠷᠢᠬᠢ ᠤᠤᠭᠤᠯᠭᠠᠵᠤ᠂ ᠡᠮ᠎ᠡ ᠨᠠᠭᠠᠳᠤᠭᠤᠯᠵᠤ ᠪᠣᠯᠬᠤ ᠦᠭᠡᠢ ᠰᠢᠦ! ᠭᠡᠯᠡ᠃
— ᠁
— ᠲᠡᠭᠦᠨ ᠢ᠋ ᠪᠠᠰᠠ ᠠᠰᠢᠭᠯᠠᠬᠤ ᠬᠡᠷᠡᠭᠲᠡᠢ᠃ ᠴᠢ ᠮᠠᠨᠴᠤᠷᠭ᠎ᠠ ᠳ᠋ᠤ᠌ ᠬᠡᠳᠦᠢ ᠬᠡᠳᠦᠢ ᠮᠥᠩᠭᠥ ᠥᠭᠭᠦᠶ᠎ᠡ! ᠰᠢᠷ᠎ᠠ ᠴᠡᠷᠢᠭ ᠲᠦ᠍ ᠭᠠᠵᠠᠷᠴᠢᠯᠠᠵᠤ ᠮᠤᠨᠠ ᠶ᠋ᠢᠨ ᠬᠠᠳᠠᠨ ᠤ᠋ ᠴᠠᠳᠬᠤᠯᠠᠩ ᠤ᠋ᠨ ᠴᠣᠩᠬᠢᠶᠠᠯ ᠳ᠋ᠠᠬᠢ ᠮᠥᠩᠭᠥ ᠶ᠋ᠢ ᠬᠠᠢᠯᠭᠠᠬᠤ ᠪᠠᠷ ᠵᠥᠪᠳᠡᠵᠦ ᠦᠵᠡ! ᠲᠡᠷᠡ ᠳᠤᠷᠠᠲᠠᠢ ᠪᠣᠯ ᠶᠠᠪᠤᠳᠠᠯ ᠪᠦᠲᠦᠭᠰᠡᠨ ᠬᠣᠢᠨ᠎ᠠ ᠠᠭᠠᠵᠢᠮ ᠳ᠋ᠠᠭᠠᠨ ᠪᠣᠯᠤᠶ᠎ᠠ᠃ ᠳᠤᠷ᠎ᠠ ᠦᠭᠡᠢ ᠣᠭᠰᠣᠯᠵᠠᠪᠠᠯ ᠮᠥᠨ ᠲᠡᠷᠡ ᠳᠣᠣᠷ᠎ᠠ ᠨᠢ ᠠᠷᠭ᠎ᠠ ᠬᠢᠴᠡᠭᠡ! ᠭᠡᠳ ᠥᠮᠥᠳᠥᠨ ᠦ᠌ ᠪᠡᠨ ᠴᠥᠩᠬᠥᠨ ᠡᠴᠡ ᠵᠢᠵᠢᠭᠬᠡᠨ ᠪᠣᠭᠣᠳᠠᠯ ᠲᠠᠢ ᠶᠠᠭᠤᠮ᠎ᠠ ᠭᠠᠷᠭᠠᠵᠤ《ᠡᠨᠡ ᠪᠣᠯ ᠰᠢᠷ᠎ᠠ ᠴᠡᠷᠢᠭ ᠦ᠋ᠨ ᠥᠭᠭᠦᠭᠰᠡᠨ ᠤᠳᠠᠭᠠᠨ ᠴᠢᠨᠠᠷᠲᠠᠢ ᠡᠳ᠋᠁》 ᠭᠡᠵᠦ ᠲᠡᠭᠦᠨ ᠦ᠌ ᠴᠢᠬᠢᠨ ᠳ᠋ᠦ᠍ ᠨᠢᠭᠡ ᠶᠠᠭᠤᠮ᠎ᠠ ᠰᠢᠪᠡᠨᠡᠪᠡ᠁
— ᠵᠠ᠂ ᠵᠠ᠁ ᠭᠡᠵᠦ ᠬᠠᠷ᠎ᠠ ᠨᠢᠳᠦᠲᠦ ᠲᠣᠯᠣᠭᠠᠢ ᠳᠣᠬᠢᠨ ᠮᠡᠬᠦᠯᠵᠡᠨᠡ᠃
— ᠬᠡᠷᠰᠡᠦ ᠣᠷᠣᠭᠠᠷᠠᠢ! ᠴᠡᠪᠡᠷᠬᠡᠨ ᠬᠢᠴᠢᠬᠡᠪᠡᠯ᠂ ᠮᠠᠷᠭᠠᠲᠤᠷ ᠥᠷᠯᠥᠭᠡ ᠮᠥᠨ ᠡᠨᠳᠡ《ᠱᠠᠩ ᠤ᠋ᠨ ᠮᠥᠩᠭᠥ》 ᠪᠡᠨ ᠠᠪᠤᠭᠠᠷᠠᠢ! ᠬᠡᠷᠪᠡ ᠲᠡᠢᠮᠦ ᠪᠢᠰᠢ᠂《ᠱᠠᠩ ᠤ᠋ᠨ ᠮᠥᠩᠭᠥ》 ᠪᠡᠨ ᠠᠪᠴᠤ ᠴᠢᠳᠠᠳᠠᠭ ᠦᠭᠡᠢ ᠪᠣᠯ ᠴᠢ ᠥᠪᠡᠷ ᠢ᠋ᠶ᠋ᠡᠨ ᠶᠠᠭᠠᠬᠢᠬᠤ ᠪᠠᠨ ᠮᠡᠳᠡᠭᠡᠷᠡᠢ᠁ ᠭᠡᠳ ᠥᠯᠵᠡᠢᠰᠠᠩ ᠭᠠᠷᠴᠤ ᠶᠠᠪᠤᠪᠠ᠃
᠁
《᠁ ᠴᠡᠪᠡᠷᠬᠡᠨ ᠬᠢᠴᠢᠬᠡᠪᠡᠯ ᠮᠠᠷᠭᠠᠲᠤᠷ ᠥᠷᠯᠥᠭᠡ ᠮᠥᠨ ᠡᠨᠳᠡ<ᠱᠠᠩ ᠤ᠋ᠨ ᠮᠥᠩᠭᠥ> ᠪᠡᠨ ᠠᠪᠤᠭᠠᠷᠠᠢ!》 ᠭᠡᠰᠡᠨ ᠢ᠋ ᠬᠠᠷ᠎ᠠ ᠨᠢᠳᠦᠲᠦ ᠮᠠᠷᠲᠠᠬᠤ ᠦᠭᠡᠢ ᠰᠠᠨᠠᠵᠤ᠂ ᠮᠠᠭᠠᠵᠢ ᠶ᠋ᠢᠨ ᠴᠣᠬᠣᠷ ᠤ᠋ᠨ ᠱᠣᠣᠮᠠᠢ ᠶ᠋ᠢᠨ ᠲᠠᠭᠲᠤ ᠶ᠋ᠢᠨ ᠱᠠᠲᠤ ᠪᠠᠷ ᠲᠦᠱ ᠲᠦᠱ ᠬᠢᠨ ᠭᠦᠶᠦᠮ᠎ᠡ ᠵᠠᠪᠳᠤᠨ ᠮᠠᠴᠤᠨ᠎ᠠ᠁
ᠵᠡᠭᠦᠨ ᠮᠥᠷᠦᠨ ᠳ᠋ᠡᠭᠡᠨ ᠬᠭᠢᠷ ᠵᠠᠭᠤᠭᠰᠠᠨ ᠠᠯᠴᠢᠭᠤᠷ ᠬᠠᠶᠠᠭᠰᠠᠨ ᠬᠥᠬᠡ ᠬᠣᠷᠮᠣᠢᠪᠴᠢ ᠴᠠᠭᠠᠨ ᠲᠣᠭᠣᠷᠴᠣᠭᠲᠤ ᠵᠠᠷᠤᠳᠠᠰᠤ ᠬᠠᠷ᠎ᠠ ᠨᠢᠳᠦᠲᠦ ᠶ᠋ᠢ ᠦᠵᠡᠮᠡᠭᠴᠡ᠄
— ᠡᠷᠭᠢᠨ ᠠᠪᠤᠭᠠᠢ᠂ ᠡᠢᠰᠢ ᠪᠡᠨ! ᠭᠡᠵᠦ ᠳᠣᠲᠣᠷ᠎ᠠ ᠥᠷᠥᠭᠡ ᠤᠷᠤᠭᠤ ᠲᠡᠭᠦᠨ ᠢ᠋ ᠵᠠᠯᠠᠵᠤ ᠣᠷᠣᠭᠤᠯᠪᠠ᠃
ᠬᠠᠷ᠎ᠠ ᠨᠢᠳᠦᠲᠦ ᠳᠣᠲᠣᠷ᠎ᠠ ᠪᠠᠨ《ᠡᠨᠡ ᠢᠮᠠᠭᠠᠨ ᠳᠠᠭᠤᠲᠤ ᠨᠣᠶᠠᠨ ᠨᠠᠳᠠ ᠨᠢᠭᠡ ᠪᠥᠭᠡᠮ ᠶᠠᠭᠤᠮ᠎ᠠ ᠥᠭᠴᠦ ᠬᠠᠩᠭᠢ ᠰᠢᠭ᠋ ᠭᠠᠷ ᠴᠠᠢᠯᠭᠠᠳᠠᠭ ᠪᠣᠯᠪᠠ ᠤᠤ⁈》 ᠭᠡᠵᠦ ᠰᠠᠢᠬᠠᠨ ᠶᠠᠭᠤᠮ᠎ᠠ ᠰᠠᠨᠠᠵᠤ᠂ ᠳᠣᠲᠣᠷ᠎ᠠ ᠤᠷᠤᠭᠤ ᠳᠥᠷᠪᠡᠯᠵᠢᠨ ᠠᠯᠬᠤᠭ᠎ᠠ ᠪᠠᠷ ᠣᠷᠣᠵᠤ ᠣᠴᠢᠪᠠᠯ᠂ ᠳᠥᠷᠪᠡᠯᠵᠢᠨ ᠰᠢᠷᠡᠭᠡᠨ ᠦ᠌ ᠬᠣᠶᠠᠷ ᠰᠡᠵᠢᠭᠦᠷ ᠢ᠋ ᠠᠪᠴᠤ ᠰᠠᠭᠤᠭᠰᠠᠨ ᠬᠣᠶᠠᠷ ᠦᠯᠦ ᠲᠠᠨᠢᠬᠤ᠂ ᠪᠠᠷᠠᠭᠠᠨ ᠬᠤᠪᠴᠠᠰᠤ ᠲᠠᠢ ᠬᠥᠮᠦᠨ ᠦᠭᠡ ᠳᠠᠭᠤᠨ ᠦᠭᠡᠢ ᠰᠦᠪᠡᠭᠡ ᠲᠤᠯᠵᠤ ᠰᠠᠭᠤᠭ᠎ᠠ ᠬᠠᠷᠠᠭᠳᠠᠪᠠ᠃ ᠬᠠᠷ᠎ᠠ ᠨᠢᠳᠦᠲᠦ ᠤᠬᠠᠭ᠎ᠠ ᠲᠥᠬᠥᠭᠡ ᠶ᠋ᠢ ᠨᠢ ᠣᠯᠤᠭᠰᠠᠨ ᠦᠭᠡᠢ ᠪᠤᠷᠤᠭᠤ ᠭᠡᠷ ᠲᠦ᠍ ᠣᠷᠣᠴᠢᠬᠠᠯ᠎ᠠ ᠭᠡᠵᠦ ᠪᠣᠷᠣ ᠮᠥᠷ ᠢ᠋ᠶ᠋ᠡᠷ ᠢ᠋ᠶ᠋ᠡᠨ ᠪᠤᠴᠠᠭᠠᠳ ᠭᠦᠶᠦᠶ᠎ᠡ ᠭᠡᠰᠡᠨ ᠳ᠋ᠦ᠍᠂ ᠴᠠᠭᠠᠳᠤ ᠡᠭᠦᠳᠡᠨ ᠦ᠌ ᠬᠣᠶᠠᠷ ᠬᠠᠵᠠᠭᠤ ᠠ᠋ᠴᠠ ᠪᠠᠰᠠ ᠬᠣᠶᠠᠷ ᠪᠠᠷᠠᠭᠠᠨ ᠬᠤᠪᠴᠠᠰᠤ ᠲᠠᠢ ᠬᠥᠮᠦᠨ ᠭᠠᠷᠴᠤ ᠢᠷᠡᠨ《ᠪᠠᠢᠵᠠ!》 ᠭᠡᠵᠦ ᠲᠡᠭᠦᠨ ᠦ᠌ ᠭᠠᠷ ᠢ᠋ ᠠᠷᠤ ᠳ᠋ᠤᠨᠢ ᠮᠤᠰᠬᠢᠵᠦ ᠤᠶᠠᠪᠠ᠃
— ᠬᠥᠶᠢ᠂ ᠪᠠᠢᠵᠠ᠂ ᠪᠠᠢᠵᠠ! ᠲᠠ ᠁ ᠲᠠ ᠨᠠᠷ ᠡᠨᠡ ᠡᠴᠢᠭᠡ ᠪᠡᠨ ᠶᠠᠭᠠᠬᠢᠵᠤ ᠪᠠᠢᠭ᠎ᠠ ᠨᠢ ᠪᠣᠢ? ᠠ⁈ ᠡᠬᠡ ᠶ᠋ᠢᠨ ᠬᠢᠨᠢ ᠤᠩᠬᠤᠷ᠁ ᠭᠡᠵᠦ ᠠᠮᠠᠨ ᠳ᠋ᠠᠭᠠᠨ ᠬᠠᠷᠢᠶᠠᠯ ᠲᠠᠯᠪᠢᠭᠰᠠᠨ ᠳ᠋ᠤ᠌ ᠪᠠᠷᠠᠭᠠᠨ ᠬᠤᠪᠴᠠᠰᠤᠲᠠᠨ ᠤ᠋ ᠨᠢᠭᠡ ᠨᠢ᠄
— ᠪᠦᠲᠦᠯ ᠦᠭᠡᠢ ᠪᠡᠨ ᠮᠡᠳᠡᠬᠦ ᠦᠭᠡᠢ ᠪᠠᠰᠠ ᠲᠠᠭᠠᠲᠠᠢ ᠠᠮᠠ ᠨᠢ ᠬᠠᠲᠠᠭᠤ ᠠᠳᠤᠭᠤᠰᠤ ᠪᠠᠢᠨ᠎ᠠ! ᠭᠡᠳ ᠨᠢᠳᠦ ᠤᠷᠤᠭᠤ ᠨᠢ ᠨᠢᠭᠡ ᠯᠡ ᠨᠢᠳᠤᠷᠭᠠᠳᠠᠪᠠ᠃
ᠬᠠᠷ᠎ᠠ ᠨᠢᠳᠦᠲᠦ ᠶ᠋ᠢᠨ ᠪᠦᠯᠲᠡᠭᠡᠷ ᠨᠢᠳᠦᠨ ᠡᠴᠡ ᠭᠠᠯ ᠪᠠᠳᠠᠷᠠᠵᠤ ᠨᠢᠯ ᠬᠢᠨ ᠬᠠᠯᠠᠭᠤ ᠣᠷᠬᠢᠭᠠᠳ ᠶᠠᠪᠤᠴᠢᠬᠠᠪᠠ᠃
— ᠦᠭᠡᠢ᠂ ᠲᠠ ᠨᠠᠷ ᠶᠠᠭᠠᠬᠢᠴᠢᠬᠠᠯᠠ ᠭᠡᠵᠦ ᠨᠠᠮᠠᠶ᠋ᠢ ᠢᠩᠭᠢᠵᠦ ᠬᠠᠷᠠᠳᠠᠵᠤ ᠪᠠᠢᠭ᠎ᠠ ᠶᠤᠮ? ᠭᠡᠵᠦ ᠬᠡᠳᠦᠨ ᠪᠠᠷᠠᠭᠠᠨ ᠬᠤᠪᠴᠠᠰᠤᠲᠠᠨ ᠤ᠋ ᠥᠭᠡᠳᠡ ᠡᠴᠡ ᠡᠭᠡᠯᠵᠢᠯᠡᠨ ᠬᠠᠷᠠᠵᠤ《ᠪᠢ ᠲᠠᠨᠤᠰ ᠤ᠋ᠨ ᠬᠡᠨ ᠢ᠋ ᠴᠣ ᠲᠠᠨᠢᠬᠤ ᠦᠭᠡᠢ ᠪᠠᠢᠲᠠᠯ᠎ᠠ᠁》 ᠭᠡᠰᠡᠨ ᠰᠢᠦᠬᠡᠨ ᠬᠢᠯᠢᠰ ᠨᠥᠮᠥᠷᠦᠭᠰᠡᠨ ᠮᠡᠲᠦ ᠬᠥᠭᠡᠷᠦᠬᠦᠢ ᠴᠢᠷᠠᠢ ᠦᠵᠡᠭᠦᠯᠦᠨ ᠭᠠᠢᠬᠠᠰᠢᠷᠠᠭᠰᠠᠨ ᠳ᠋ᠤ᠌ ᠥᠯᠵᠡᠢᠰᠠᠩ ᠡᠭᠦᠳᠡ ᠪᠡᠷ ᠣᠷᠣᠵᠤ ᠢᠷᠡᠨ᠄
— ᠬᠠᠷ᠎ᠠ ᠨᠢᠳᠦᠲᠦ ᠴᠢ ᠥᠪᠡᠷ ᠢ᠋ᠶ᠋ᠡᠨ ᠶᠠᠭᠤ ᠶᠠᠭᠠᠬᠢᠭᠰᠠᠨ ᠢ᠋ᠶ᠋ᠠᠨ ᠮᠡᠳᠡᠬᠦ ᠦᠭᠡᠢ ᠤᠤ? ᠭᠡᠰᠡᠨ ᠳ᠋ᠦ᠍ ᠲᠡᠷᠡ ᠥᠯᠵᠡᠢᠰᠠᠩ ᠢ᠋ ᠤᠯᠠᠮ ᠭᠠᠢᠬᠠᠵᠤ᠄
— ᠠᠶ᠎ᠠ᠂ ᠨᠣᠶᠠᠨ ᠭᠤᠸᠠᠢ ᠠ᠋᠂ ᠠᠮᠢ ᠥᠷᠥᠰᠢᠶᠡ! ᠡᠳᠡᠨᠥᠰ ᠨᠠᠮᠠᠶ᠋ᠢ ᠶᠠᠭᠠᠬᠢᠵᠤ ᠪᠠᠢᠭ᠎ᠠ ᠨᠢ ᠡᠨᠡ ᠪᠣᠢ? ᠭᠡᠵᠦ ᠥᠯᠵᠡᠢᠰᠠᠩ ᠠ᠋ᠴᠠ ᠠᠪᠤᠷᠠᠯ ᠭᠤᠶᠤᠭᠰᠠᠨ ᠴᠢᠷᠠᠢ ᠦᠵᠡᠭᠦᠯᠪᠡᠯ ᠥᠯᠵᠡᠢᠰᠠᠩ᠄
— ᠮᠠᠨᠴᠤᠷᠭ᠎ᠠ ᠬᠠᠮᠢᠭ᠎ᠠ ᠪᠠᠢᠨ᠎ᠠ ᠪᠣᠢ? ᠭᠡᠯᠡ᠃
— ᠮᠠᠨᠴᠤᠷᠭ᠎ᠠ ᠦᠬᠦᠴᠢᠬᠡᠭᠰᠡᠨ!
— ᠮᠠᠨᠴᠤᠷᠭ᠎ᠠ ᠶ᠋ᠢᠨ ᠦᠬᠦᠳᠡᠯ ᠨᠢ ᠬᠠᠮᠢᠭ᠎ᠠ ᠪᠠᠢᠨ᠎ᠠ ᠪᠣᠢ?
—《ᠤᠷᠠᠨ ᠬᠠᠴᠢᠨ ᠳᠡᠷᠡ》 ᠪᠠᠭᠤᠳᠠᠯ ᠳ᠋ᠤ᠌᠃
—《ᠤᠷᠠᠨ ᠬᠠᠴᠢᠨ ᠳᠡᠷᠡ》 ᠪᠠᠭᠤᠳᠠᠯ ᠳ᠋ᠤ᠌ ᠭᠡᠨ᠎ᠡ? ᠴᠢ ᠶᠠᠪᠤᠵᠤ ᠲᠡᠨᠳᠡ ᠡᠴᠡ ᠮᠠᠨᠴᠤᠷᠭ᠎ᠠ ᠶ᠋ᠢᠨ ᠦᠬᠦᠳᠡᠯ ᠢ᠋ ᠣᠯᠵᠤ ᠠᠪᠤᠭᠠᠳ ᠢᠷ᠎ᠡ! ᠲᠡᠭᠡᠪᠡᠯ ᠪᠢ ᠴᠢᠮ᠎ᠠ ᠳ᠋ᠤ᠌ ᠪᠠᠰᠠ ᠡᠳᠦᠢ ᠮᠥᠩᠭᠥ ᠥᠭᠭᠦᠶ᠎ᠡ! ᠭᠡᠵᠦ ᠲᠠᠪᠤᠨ ᠬᠤᠷᠤᠭᠤ ᠪᠠᠨ ᠭᠠᠷᠭᠠᠵᠤ ᠠᠯᠠᠭᠠᠳᠠᠬᠤ ᠳᠦᠷᠢ ᠦᠵᠡᠭᠦᠯᠦᠨ᠎ᠡ᠃
—᠁ ᠮᠠᠨᠴᠤᠷᠭ᠎ᠠ ᠶ᠋ᠢ ᠠᠮᠢᠰᠤᠭ᠎ᠠ ᠲᠠᠰᠤᠷᠠᠭᠰᠠᠨ ᠬᠣᠢᠨ᠎ᠠ ᠪᠢ ᠰᠠᠶᠢ ᠲᠡᠨᠳᠡ ᠡᠴᠡ ᠶᠠᠪᠤᠭᠰᠠᠨ ᠶᠤᠮ ᠴᠢᠨᠢ? ᠶᠠᠭᠠᠬᠢᠭᠠᠳ ᠦᠬᠦᠳᠡᠯ ᠨᠢ ᠠᠯᠠᠭ᠎ᠠ ᠪᠣᠯᠴᠢᠬᠠᠳᠠᠭ ᠪᠠᠢᠨ᠎ᠠ? ᠡᠨᠡ ᠳᠣᠲᠣᠷ᠎ᠠ ᠯᠠᠪ ᠨᠢᠭᠡ ᠤᠴᠢᠷ ᠪᠣᠢ! ᠭᠡᠵᠦ ᠬᠠᠷ᠎ᠠ ᠨᠢᠳᠦᠲᠦ ᠪᠡᠶ᠎ᠡ ᠪᠡᠨ ᠥᠮᠥᠭᠯᠡᠨ ᠨᠢᠭᠡ ᠶᠠᠭᠤᠮ᠎ᠠ ᠶᠠᠷᠢᠭᠰᠠᠨ ᠳ᠋ᠤ᠌ ᠥᠯᠵᠡᠢᠰᠠᠩ᠄
— ᠡᠴᠢᠭᠡ ᠶ᠋ᠢᠨ ᠴᠢᠨᠢ ᠲᠣᠯᠣᠭᠠᠢ! ᠮᠠᠨᠴᠤᠷᠭ᠎ᠠ ᠠᠮᠢᠰᠤᠭ᠎ᠠ ᠲᠠᠰᠤᠷᠠᠴᠢᠬᠠᠭᠰᠠᠨ ᠬᠣᠢᠨ᠎ᠠ ᠴᠢ ᠶᠠᠭᠠᠬᠢᠯ᠎ᠠ᠂ ᠡᠢᠯ᠎ᠡ ᠭᠡᠵᠦ ᠬᠤᠳᠠᠯ ᠬᠡᠯᠡᠬᠦ ᠤᠤ⁈ ᠲᠡᠷᠡ ᠡᠴᠢᠭᠡ ᠴᠢᠨᠢ ᠦᠬᠦᠭᠰᠡᠨ ᠦᠭᠡᠢ ᠠᠮᠢᠳᠤ ᠬᠡᠪ ᠢ᠋ᠶ᠋ᠡᠷ ᠢ᠋ᠶ᠋ᠡᠨ ᠪᠠᠢᠨ᠎ᠠ᠃ ᠶᠠᠭᠠᠬᠢᠬᠤ ᠳ᠋ᠠᠭᠠᠨ ᠴᠢ ᠪᠥᠨᠲᠥᠭᠡᠷ ᠢ᠋ᠶ᠋ᠡᠨ ᠮᠠᠨᠴᠤᠷᠭ᠎ᠠ ᠪᠠᠷ ᠨᠠᠭᠠᠳᠤᠭᠤᠯᠴᠢᠬᠠᠭᠰᠠᠨ ᠦᠭᠡᠢ ᠪᠣᠢ! ᠪᠦᠲᠦᠯ ᠦᠭᠡᠢ ᠳᠠᠮᠰᠢᠭ ᠴᠢ ᠮᠢᠨᠦ ᠮᠥᠩᠭᠥ ᠶ᠋ᠢ ᠦᠷᠡᠭᠡᠵᠦ ᠮᠠᠨᠴᠤᠷᠭ᠎ᠠ ᠲᠠᠢ ᠬᠣᠶᠠᠭᠤᠯᠠ ᠰᠥᠨᠢᠵᠢᠨ ᠶᠠᠩᠬᠠᠨ ᠳ᠋ᠤ᠌ ᠪᠠᠭᠤᠵᠤ᠂ ᠱᠠᠯᠢᠭ ᠤ᠋ᠨ ᠪᠠᠬ᠎ᠠ ᠪᠠᠨ ᠬᠠᠩᠭᠠᠭᠠᠴᠢᠬᠠᠭᠠᠳ ᠴᠠᠭᠠᠳᠤ ᠵᠢᠷᠤᠮ ᠤ᠋ᠨ ᠠᠬ᠎ᠠ ᠪᠠᠨ ᠰᠡᠮᠡᠬᠡᠷ ᠲᠠᠯᠪᠢᠵᠤ ᠶᠠᠪᠤᠭᠤᠯᠴᠢᠬᠠᠭᠰᠠᠨ ᠶᠤᠮ ᠴᠢᠨᠢ᠂ ᠮᠠᠨᠴᠤᠷᠭ᠎ᠠ ᠶ᠋ᠢᠨ ᠣᠷᠣᠨ ᠳ᠋ᠤ᠌ ᠴᠢ ᠤᠷᠢᠳ ᠢ᠋ᠶ᠋ᠠᠷ ᠶᠠᠪᠤᠵᠤ ᠡᠷᠯᠢᠭ ᠲᠦ᠍ ᠨᠡᠷ᠎ᠡ ᠪᠡᠨ ᠮᠡᠳᠡᠭᠦᠯ! ᠭᠡᠵᠦ ᠰᠢᠩᠭᠡᠨ ᠳᠠᠭᠤ ᠪᠠᠷ ᠠᠭᠤᠷᠲᠠᠢᠬᠠᠨ ᠬᠡᠯᠡᠭᠰᠡᠨ ᠳ᠋ᠦ᠍ ᠬᠠᠷ᠎ᠠ ᠨᠢᠳᠦᠲᠦ ᠰᠠᠨᠳᠤᠷᠤᠨ᠄
— ᠲᠡᠢᠮᠦ ᠪᠢᠰᠢ! ᠨᠣᠶᠠᠨ ᠠ᠋᠂ ᠲᠠ ᠮᠢᠨᠦ ᠬᠡᠯᠡᠬᠦ ᠶ᠋ᠢ ᠰᠣᠨᠣᠰ! ᠪᠢ ᠲᠠᠨ ᠤ᠋ ᠵᠠᠬᠢᠭᠰᠠᠨ ᠠ᠋ᠴᠠ ᠬᠢᠯᠭᠠᠰᠤᠨ ᠲᠡᠳᠦᠢ ᠵᠥᠷᠢᠭᠰᠡᠨ ᠦᠭᠡᠢ ᠬᠢᠭᠰᠡᠨ᠃ ᠮᠠᠨᠴᠤᠷᠭ᠎ᠠ ᠦᠬᠦᠭᠰᠡᠨ ᠦᠭᠡᠢ ᠦᠨᠡᠬᠡᠷ ᠳᠤᠲᠠᠭᠠᠴᠢᠬᠠᠯ᠎ᠠ ᠭᠡᠬᠦ ᠶᠦᠮ ᠪᠣᠯ ᠡᠨᠡ ᠳᠣᠲᠣᠷ᠎ᠠ ᠯᠠᠪ ᠨᠢᠭᠡ ᠤᠴᠢᠷ ᠪᠠᠢᠨ᠎ᠠ᠁ ᠭᠡᠰᠡᠨ ᠳ᠋ᠦ᠍ ᠥᠯᠵᠡᠢᠰᠠᠩ ᠲᠣᠰᠴᠤ᠄
— ᠶᠠᠮᠠᠷ ᠤᠴᠢᠷ ? ᠭᠡᠪᠡ᠃
— ᠲᠡᠷᠡ ᠬᠣᠣᠷᠲᠤ ᠡᠮ ᠦ᠋ᠨ ᠴᠢᠳᠠᠯ ᠮᠠᠭᠤ ᠠ᠋ᠴᠠ ᠥᠨᠥᠬᠢ ᠴᠢᠮᠬᠢ ᠬᠢᠷᠢᠲᠡᠢ ᠨᠤᠨᠲᠠᠭ ᠡᠮ ᠪᠤᠬ᠎ᠠ ᠰᠢᠭ᠋ ᠪᠦᠳᠦᠭᠦᠨ ᠬᠠᠳᠤᠭᠤᠨ ᠪᠡᠶ᠎ᠡ ᠳ᠋ᠦ᠍ ᠶᠠᠭᠤ ᠴᠦ᠍ ᠪᠢᠰᠢ ᠪᠠᠢᠵᠤ ᠲᠠᠭᠠᠷᠠᠭᠰᠠᠨ᠁ ᠨᠢᠭᠡ ᠪᠣᠯ ᠮᠠᠨᠴᠤᠷᠭ᠎ᠠ ᠪᠡᠶ᠎ᠡ ᠨᠢ ᠵᠣᠪᠠᠬᠤ ᠳ᠋ᠠᠭᠠᠨ ᠭᠠᠷᠴᠤ ᠶᠠᠪᠤᠨ ᠭᠠᠳᠠᠭ᠎ᠠ ᠬᠥᠳᠡᠭᠡ ᠦᠬᠦᠭᠰᠡᠨ ᠪᠠᠢᠵᠤ ᠮᠡᠳᠡᠨ᠎ᠡ᠃
— ᠴᠢ ᠪᠢᠲᠡᠭᠡᠢ ᠨᠢᠭᠡ ᠴᠢᠬᠢᠨ ᠳ᠋ᠦ᠍ ᠨᠠᠭᠠᠯᠳᠤᠬᠤ ᠥᠬᠡᠢ ᠶᠠᠭᠤᠮ᠎ᠠ ᠳᠣᠩᠭᠣᠰᠤᠭᠠᠳ ᠪᠠᠢ᠃ ᠲᠡᠷᠡ ᠡᠴᠢᠭᠡ ᠴᠢᠨᠢ ᠬᠤᠷᠬᠢᠷᠠᠲᠠᠯᠠ ᠤᠨᠲᠠᠵᠤ ᠠᠮᠠᠷᠠᠭᠠᠳ ᠬᠥᠮᠦᠨ ᠬᠠᠷ᠎ᠠ ᠠᠶᠤᠯᠭᠠᠵᠤ ᠰᠦᠷᠡᠬᠡᠢ ᠶᠠᠭᠤᠮ᠎ᠠ ᠪᠣᠯᠵᠤ ᠪᠠᠢᠭᠰᠠᠨ ᠳ᠋ᠤ᠌᠁ ᠭᠡᠵᠦ ᠥᠯᠵᠡᠢᠰᠠᠩ᠂ ᠬᠠᠷ᠎ᠠ ᠨᠢᠳᠦᠲᠦ ᠳ᠋ᠦ᠍ ᠮᠥᠴᠡᠭᠡ ᠪᠡᠨ ᠥᠭᠬᠦ ᠦᠭᠡᠢ ᠬᠡᠯᠡᠬᠦ ᠪᠣᠯᠪᠠᠴᠤ ᠳᠣᠲᠣᠷ᠎ᠠ ᠪᠠᠨ《ᠡᠨᠡ ᠠᠮᠢᠲᠠᠨ ᠤ᠋ ᠳᠣᠩᠭᠣᠰᠴᠤ ᠪᠠᠢᠬᠤ ᠪᠠᠷ ᠪᠠᠰᠠ ᠲᠡᠢᠮᠦ ᠪᠣᠯᠤᠯᠴᠠᠭ᠎ᠠ ᠪᠠᠢᠵᠤ ᠮᠡᠳᠡᠨ᠎ᠡ》 ᠭᠡᠵᠦ ᠪᠣᠳᠣᠭᠠᠳ ᠵᠣᠷᠢᠭᠤᠳᠠ᠄
— ᠡᠨᠡ ᠮᠠᠭᠤ ᠵᠣᠯᠢᠭ ᠢ᠋ ᠠᠪᠠᠴᠢᠵᠤ ᠠᠯᠠᠭᠠᠳᠠᠭᠤᠷ ᠠᠮᠲᠠᠯᠠᠭᠤᠯᠤᠭᠠᠳ ᠠᠮᠠᠨ ᠥᠴᠥᠭ ᠢ᠋ ᠨᠢ ᠠᠪ! ᠴᠢᠭᠢᠶᠡᠲᠦᠷᠦᠦ! ᠭᠡᠵᠦ ᠵᠠᠩᠭᠢᠨᠠᠨ ᠬᠠᠷᠢᠶᠠᠭᠰᠠᠨ ᠳ᠋ᠤ᠌ ᠨᠥᠭᠦᠭᠡ ᠬᠡᠳᠦᠨ ᠪᠠᠷᠠᠭᠠᠨ ᠬᠤᠪᠴᠠᠰᠤᠲᠠᠨ ᠬᠠᠷ᠎ᠠ ᠨᠢᠳᠦᠲᠦ ᠶ᠋ᠢ ᠲᠡᠭᠳᠡᠢᠲᠡᠯᠡ ᠠᠪᠴᠤ ᠭᠠᠷᠬᠤ ᠳ᠋ᠤ᠌ ᠬᠠᠷ᠎ᠠ ᠨᠢᠳᠦᠲᠦ᠄
— ᠪᠠᠢᠵᠠ᠂ ᠲᠠ ᠨᠠᠷ ᠡᠷ᠎ᠡ ᠬᠥᠮᠦᠨ ᠶᠦᠮ ᠪᠣᠯ ᠪᠢᠲᠡᠭᠡᠢ ᠢᠩᠭᠢᠵᠦ ᠬᠢᠯᠢᠰ ᠲᠠᠮᠤᠯᠠᠭᠠᠳ ᠪᠠᠢ᠃ ᠨᠠᠮᠠᠶ᠋ᠢ ᠬᠢᠯᠢᠰᠳᠡᠭᠦᠯᠵᠦ ᠪᠠᠢᠨ᠎ᠠ᠁ ᠭᠡᠪᠡ᠃
— ᠴᠢᠮ᠎ᠠ ᠳ᠋ᠤ᠌ ᠬᠢᠯᠢᠰ ᠲᠣᠬᠤᠴᠢᠬᠠᠯᠠ ᠭᠡᠨ᠎ᠡ⁈
— ᠬᠢᠯᠢᠰ ᠠ᠋! ᠬᠢᠯᠢᠰ! ᠨᠣᠶᠠᠨ ᠠ᠋᠂ ᠲᠠ ᠨᠠᠳᠠ ᠭᠤᠷᠪᠠᠨ ᠡᠳᠦᠷ ᠦ᠋ᠨ ᠵᠠᠢ ᠥᠭᠴᠦ ᠦᠵᠡ! ᠪᠢ ᠮᠠᠨᠴᠤᠷᠭ᠎ᠠ ᠶ᠋ᠢᠨ ᠲᠣᠯᠣᠭᠠᠢ ᠶ᠋ᠢ ᠠᠪᠴᠤ ᠢᠷᠡᠬᠦ ᠦᠭᠡᠢ ᠪᠣᠯ ᠲᠠ ᠨᠠᠷ ᠨᠠᠮᠠᠶ᠋ᠢ ᠳᠤᠷ᠎ᠠ ᠪᠠᠷ ᠢ᠋ᠶ᠋ᠠᠨ ᠪᠣᠯ!
— ᠵᠠ ᠪᠠᠢᠵᠠ᠂ ᠡᠭᠦᠨ ᠢ᠋ ᠰᠤᠯᠠᠯᠠ! ᠭᠡᠰᠡᠨ ᠳ᠋ᠦ᠍ ᠥᠨᠥᠬᠢ ᠬᠡᠳᠦ ᠨᠢ ᠥᠯᠵᠡᠢᠰᠠᠩ ᠤ᠋ᠨ ᠦᠭᠡ ᠪᠡᠷ ᠬᠠᠷ᠎ᠠ ᠨᠢᠳᠦᠲᠦ ᠶ᠋ᠢᠨ ᠤᠶᠠᠭᠠᠰᠤ ᠶ᠋ᠢ ᠠᠯᠳᠠᠷᠠᠭᠠᠪᠠ᠃ ᠬᠠᠷ᠎ᠠ ᠨᠢᠳᠦᠲᠦ ᠮᠥᠷᠥ ᠳᠠᠯᠤ ᠪᠠᠨ ᠰᠢᠯᠭᠡᠭᠡᠵᠦ ᠠᠪᠤᠨ ᠨᠥᠭᠦᠭᠡ ᠬᠡᠳᠦᠨ ᠪᠠᠷᠠᠭᠠᠨ ᠬᠤᠪᠴᠠᠰᠤᠲᠠᠨ ᠢ᠋ ᠪᠠᠰᠤᠮᠵᠢᠯᠠᠨ ᠰᠢᠷᠲᠡᠵᠦ᠄
— ᠵᠠ᠂ ᠨᠣᠶᠠᠨ ᠲᠠ ᠡᠨᠡ ᠬᠡᠳᠦᠨ ᠠᠯᠠᠭᠤᠷᠴᠢᠨ ᠢ᠋ᠶ᠋ᠠᠨ ᠭᠤᠷᠪᠠᠨ ᠡᠳᠦᠷ ᠵᠠᠬᠢᠷᠤᠭᠤᠯ᠃ ᠪᠢ ᠮᠠᠨᠴᠤᠷᠭ᠎ᠠ ᠶ᠋ᠢᠨ ᠲᠣᠯᠣᠭᠠᠢ ᠶ᠋ᠢ᠁ ᠭᠡᠪᠡ᠃
— ᠵᠠ ᠪᠠᠢᠵᠠ! ᠪᠣᠯᠤᠨ᠎ᠠ᠃ ᠬᠠᠷ᠎ᠠ ᠨᠢᠳᠦᠲᠦ ᠴᠢ ᠥᠪᠡᠷ ᠢ᠋ᠶ᠋ᠡᠨ ᠶᠠᠭᠠᠬᠢᠵᠤ ᠬᠢᠬᠦ ᠪᠡᠨ ᠮᠡᠳᠡ! ᠪᠢ ᠥᠨᠥᠳᠥᠷ ᠴᠢᠮ᠎ᠠ ᠳ᠋ᠤ᠌ ᠨᠢᠭᠡ᠂ ᠬᠣᠶᠠᠷ ᠭᠡᠵᠦ ᠵᠢᠭᠠᠬᠤ ᠦᠭᠡᠢ᠃《ᠵᠠ᠂ ᠣᠳᠣ ᠪᠠᠷ ᠢ᠋ᠶ᠋ᠠᠨ ᠬᠥᠳᠡᠯ!》 ᠭᠡᠰᠡᠨ ᠳ᠋ᠦ᠍ ᠬᠠᠷ᠎ᠠ ᠨᠢᠳᠦᠲᠦ ᠨᠥᠭᠦᠭᠡ ᠬᠡᠳᠦᠨ ᠬᠠᠷ᠎ᠠ ᠬᠤᠪᠴᠠᠰᠤᠲᠠᠨ ᠢ᠋ ᠡᠷᠡᠦ ᠪᠡᠷ ᠢ᠋ᠶ᠋ᠡᠨ ᠳᠣᠬᠢᠵᠤ ᠮᠠᠭᠠᠵᠢ ᠶ᠋ᠢᠨ ᠲᠠᠭᠲᠤ ᠶ᠋ᠢᠨ ᠮᠣᠳᠣᠨ ᠱᠠᠲᠤ ᠪᠠᠷ ᠲᠦᠷᠴᠢᠭᠢᠨᠡᠨ ᠪᠠᠭᠤᠪᠠ᠁
— — — —
① ᠮᠠᠢᠮᠠᠢ ᠱᠣᠣᠮᠠᠢ ᠡᠷᠭᠢᠭᠦᠯᠳᠡᠭ ᠬᠢᠲᠠᠳ ᠬᠥᠮᠥᠰ ᠥᠷᠯᠥᠭᠡ ᠡᠷᠲᠡ ᠠᠩᠬᠠᠨ ᠤ ᠵᠣᠴᠢᠨ ᠨᠢ ᠡᠷᠡᠭ᠍ᠲᠡᠢ ᠬᠥᠮᠥᠨ ᠲᠣᠬᠢᠶᠠᠪᠠᠯ ᠮᠠᠢᠮᠠᠢ ᠶᠢ ᠬᠡᠢ ᠮᠣᠷᠢ ᠠᠵᠠᠲᠠᠢ ᠭᠡᠳ ᠵᠣᠴᠢᠯᠠᠳᠠᠭ᠂ ᠡᠮᠡᠭ᠍ᠲᠡᠢ ᠬᠥᠮᠥᠨ ᠲᠠᠭᠠᠷᠠᠪᠠᠯ ᠠᠵᠠ ᠮᠠᠭᠤᠲᠠᠢ ᠭᠡᠵᠦ ᠶᠠᠭᠤᠮ᠎ᠠ ᠪᠠᠨ ᠬᠤᠳᠠᠯᠳᠤᠵᠤ ᠥᠭ᠍ᠳᠡᠭ ᠦᠭᠡᠢ᠃
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
