ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠨᠢᠭᠡᠳᠦᠭᠡᠷ ᠪᠦᠯᠦᠭ <ᠠᠷᠪᠠ> Хан мунын сүүрс < доорд > – Мөнх зохиоов ᠂ Гутгаар бодь – Нэгдүгээр бүлэг < 10>
ᠭᠤᠲᠠᠭᠠᠷ ᠪᠣᠲᠢ – ᠨᠢᠭᠡᠳᠦᠭᠡᠷ ᠪᠦᠯᠦᠭ <ᠠᠷᠪᠠ>
ᠬᠠᠷ᠎ᠠ ᠨᠢᠳᠦᠲᠦ ᠮᠠᠨᠴᠤᠷᠭ᠎ᠠ ᠶ᠋ᠢ ᠤᠷᠢᠵᠤ ᠮᠠᠭᠠᠵᠢ ᠶ᠋ᠢᠨ ᠴᠣᠬᠣᠷ ᠤ᠋ᠨ ᠱᠣᠣᠮᠠᠢ ᠶ᠋ᠢᠨ ᠲᠠᠭᠲᠤ ᠳ᠋ᠤ᠌ ᠱᠣᠣᠮᠠᠢ ᠢᠳᠡᠬᠦ ᠪᠡᠷ ᠪᠣᠯᠪᠠ᠃
《ᠨᠠᠷᠠ ᠰᠢᠩᠭᠡᠭᠰᠡᠭᠡᠷ ᠲᠠᠬᠢᠶ᠎ᠠ ᠴᠠᠭ᠂ ᠨᠣᠬᠠᠢ ᠴᠠᠭ ᠤ᠋ᠨ ᠵᠠᠪᠰᠠᠷ ᠵᠠᠪᠳᠤᠵᠤ ᠮᠠᠭᠠᠵᠢ ᠶ᠋ᠢᠨ ᠴᠣᠬᠣᠷ ᠤ᠋ᠨ ᠱᠣᠣᠮᠠᠢ ᠶ᠋ᠢᠨ ᠲᠠᠭᠲᠤ ᠶ᠋ᠢᠨ ᠳᠣᠲᠣᠷ᠎ᠠ ᠥᠷᠥᠭᠡᠨ ᠳ᠋ᠦ᠍ ᠴᠠᠭ ᠲᠠᠭᠠᠨ ᠮᠣᠷᠢᠯᠠᠭᠠᠷᠠᠢ》 ᠭᠡᠰᠡᠨ ᠢ᠋ᠶ᠋ᠡᠷ ᠮᠠᠨᠴᠤᠷᠭ᠎ᠠ ᠲᠡᠷᠡ ᠨᠣᠬᠠᠢ ᠴᠠᠭ ᠢ᠋ ᠪᠠᠷᠢᠨ ᠮᠠᠭᠠᠵᠢ ᠶ᠋ᠢᠨ ᠴᠣᠬᠣᠷ ᠤ᠋ᠨ ᠱᠣᠣᠮᠠᠢ ᠶ᠋ᠢᠨ ᠲᠠᠭᠲᠤᠨ ᠤ᠋ ᠮᠣᠳᠣᠨ ᠳᠡᠭᠲᠡᠷ ᠢ᠋ᠶ᠋ᠡᠷ ᠳᠡᠭᠡᠭᠰᠢ ᠮᠠᠴᠤᠪᠠ᠃ ᠨᠠᠷᠠ ᠰᠢᠩᠭᠡᠭᠰᠡᠨ ᠪᠣᠯᠬᠣᠷ ᠱᠣᠣᠮᠠᠢ ᠶ᠋ᠢᠨ ᠲᠠᠭᠲᠤ ᠶ᠋ᠢᠨ ᠬᠣᠩᠭᠢᠯ ᠳᠣᠲᠣᠷ᠎ᠠ ᠪᠦᠷᠦᠭ ᠬᠠᠷᠠᠩᠭᠤᠢ ᠪᠠᠢᠪᠠ᠃ ᠡᠨᠳᠡ ᠲᠡᠨᠳᠡ ᠠᠰᠠᠭᠰᠠᠨ ᠯᠠ ᠶ᠋ᠢᠨ ᠭᠡᠷᠡᠯ ᠰᠦᠮᠡᠯᠵᠡᠪᠡᠴᠦ ᠬᠣᠩᠭᠢᠯ ᠳᠣᠲᠣᠷ᠎ᠠ ᠨᠠᠭᠠᠰᠢ ᠴᠠᠭᠠᠰᠢ ᠵᠥᠷᠢᠯᠳᠦᠬᠦ ᠬᠥᠮᠦᠰ ᠦ᠋ᠨ ᠵᠢᠰᠦ ᠴᠢᠷᠠᠢ ᠲᠡᠳᠦᠢ ᠯᠡ ᠲᠣᠳᠣ ᠬᠠᠷᠠᠭᠳᠠᠬᠤ ᠦᠭᠡᠢ᠃ ᠲᠡᠭᠦᠨ ᠲᠡᠢ ᠲᠠᠭᠲᠤ ᠶ᠋ᠢᠨ ᠥᠭᠰᠥᠭᠦᠷ ᠢ᠋ᠶ᠋ᠡᠷ ᠢᠰᠡᠭᠡᠢ ᠪᠦᠷᠭᠦ ᠶ᠋ᠢ ᠬᠡᠯᠲᠡᠭᠡᠢ ᠳᠠᠷᠤᠭᠰᠠᠨ ᠨᠢᠭᠡ ᠬᠥᠮᠦᠨ ᠵᠥᠷᠢᠵᠦ ᠪᠠᠭᠤᠬᠤ ᠶ᠋ᠢ ᠬᠠᠯᠲᠤ ᠬᠠᠷᠠᠪᠠᠯ ᠲᠠᠨᠢᠮᠠᠷ ᠬᠥᠮᠦᠨ ᠰᠢᠭ ᠵᠢᠲᠡᠪ ᠬᠠᠷᠠᠭᠳᠠᠪᠠ᠃ ᠲᠡᠭᠡᠬᠦ ᠳ᠋ᠦ᠍ ᠮᠠᠨᠴᠤᠷᠭ᠎ᠠ ᠶ᠋ᠢᠨ ᠳᠣᠲᠣᠷ᠎ᠠ《ᠥᠯᠵᠡᠢᠰᠠᠩ? 》 ᠭᠡᠰᠡᠨ ᠨᠡᠷ᠎ᠡ ᠵᠢᠷᠦᠰ ᠬᠢᠨ ᠣᠷᠣᠵᠤ ᠢᠷᠡᠪᠡ᠃ 《ᠡᠨᠡ ᠮᠠᠭᠤ ᠳᠣᠯᠣᠭᠠᠨ ᠭᠣᠣᠯ ᠲᠠᠢ ᠵᠣᠯᠢᠭ ᠶᠠᠪᠤᠵᠤ ᠶᠠᠪᠤᠵᠤ ᠠᠩᠴᠢᠨᠵᠠᠪ ᠤ᠋ᠨ ᠭᠠᠷ ᠢ᠋ᠶ᠋ᠠᠷ ᠠᠮᠢ ᠮᠤᠯᠲᠤᠷᠠᠵᠠᠢ᠃ ᠲᠡᠢᠮᠦ ᠪᠢᠰᠢ ᠪᠣᠯ ᠥᠯᠥᠩᠲᠦ ᠶ᠋ᠢᠨ ᠡᠬᠢ ᠳ᠋ᠦ᠍ ᠴᠢᠨᠣ᠎ᠠ ᠶ᠋ᠢᠨ ᠬᠣᠭᠣᠯᠠ ᠪᠣᠯᠬᠤ ᠪᠠᠢᠭᠰᠠᠨ ᠳᠠ᠁ ᠮᠠᠭᠤ ᠴᠢᠰᠤ ᠶ᠋ᠢ!ᠡᠨᠡ ᠵᠣᠷᠢᠵᠤ ᠪᠠᠭᠤᠭᠰᠠᠨ ᠬᠥᠮᠦᠨ ᠠᠷᠠᠢ ᠥᠯᠵᠡᠢᠰᠠᠩ ᠪᠢᠰᠢ ᠪᠢᠵᠡ! ᠢᠰᠡᠭᠡᠢ ᠪᠦᠷᠭᠦ ᠶ᠋ᠢ ᠥᠷᠥᠭᠡᠰᠦᠨ ᠨᠢᠳᠦ ᠪᠡᠨ ᠳᠠᠷᠤᠮ᠎ᠠ ᠬᠡᠯᠲᠡᠷᠬᠡᠢ ᠳᠠᠷᠤᠵᠤ ᠬᠡᠩᠬᠦᠯᠵᠡᠳᠡᠭ ᠪᠣᠯᠴᠢᠬᠠᠭᠰᠠᠨ ᠭᠡᠵᠢ ᠤᠤ? ᠠᠷᠠᠢ ᠪᠢᠰᠢ ᠪᠠᠢᠬ᠎ᠠ᠃ ᠮᠥᠨ ᠪᠠᠢᠭᠰᠠᠨ ᠪᠣᠯ ᠵᠣᠯᠢᠭ ᠢ᠋ ᠴᠢᠰᠤ ᠶ᠋ᠢ ᠨᠢ ᠬᠣᠯᠢᠬᠤ ᠶᠤᠮ᠁ ᠥᠯᠵᠡᠢᠰᠠᠩ ᠪᠢᠰᠢ!》 ᠭᠡᠵᠦ ᠲᠠᠰᠤ ᠪᠣᠳᠣᠭᠠᠳ ᠲᠠᠭᠲᠤ ᠶ᠋ᠢᠨ ᠳᠡᠭᠡᠷ᠎ᠡ ᠳᠠᠪᠬᠤᠷᠭ᠎ᠠ ᠳ᠋ᠤ᠌ ᠭᠠᠷᠴᠤ ᠣᠴᠢᠪᠠ᠃ ᠴᠠᠭᠠᠨ ᠲᠣᠭᠣᠷᠴᠣᠭ᠂ ᠬᠥᠬᠡ ᠬᠣᠷᠮᠣᠢᠪᠴᠢ ᠲᠠᠢ ᠬᠣᠭᠣᠯᠠ ᠵᠠᠭᠤᠰᠢ ᠡᠨᠡ ᠲᠡᠷᠡ ᠵᠠᠬᠢᠶᠠᠯᠠᠭ᠎ᠠ ᠶ᠋ᠢᠨ ᠵᠠᠷᠤᠳᠠᠰᠤ ᠨᠤᠭᠤᠳ ᠤᠰᠤᠨ ᠵᠢᠷᠣᠭ᠎ᠠ ᠭᠦᠶᠦᠳᠡᠯ ᠢ᠋ᠶ᠋ᠡᠷ ᠨᠠᠭᠠᠰᠢ ᠴᠠᠭᠠᠰᠢ ᠵᠢᠷᠪᠢᠯᠵᠡᠵᠦ 《ᠬᠣᠶᠠᠷ ᠯᠠᠩ ᠱᠣᠣᠮᠠᠢ》 《ᠨᠢᠭᠡ ᠬᠣᠣ ᠠᠷᠢᠬᠢ》《ᠨᠢᠭᠡ ᠲᠠᠪᠠᠭ ᠪᠤᠷᠴᠠᠭ᠂ ᠦᠬᠡᠷ ᠦ᠋ᠨ ᠮᠢᠬ᠎ᠠ᠂ ᠳᠠᠪᠤᠰᠤᠲᠠᠢ ᠮᠠᠨᠵᠢᠨ᠁》 ᠭᠡᠬᠦ ᠮᠡᠲᠦ ᠠᠶ᠎ᠠ ᠳᠠᠩ ᠲᠠᠲᠠᠭᠤᠯᠤᠨ ᠠᠯᠴᠢᠭᠤᠷ ᠪᠦᠵᠢᠭᠯᠡᠭᠦᠯᠵᠦ ᠠᠶᠠᠭ᠎ᠠ ᠲᠠᠪᠠ ᠶᠠᠩᠭᠢᠨᠠᠭᠤᠯᠤᠨᠠ᠁
ᠮᠠᠨᠴᠤᠷᠭ᠎ᠠ ᠡᠨᠡ ᠪᠦᠬᠦᠨ ᠢ᠋ ᠪᠠᠬᠠᠷᠬᠠᠨ ᠬᠠᠷᠠᠵᠤ ᠶᠠᠪᠤᠬᠤ ᠳ᠋ᠤ᠌ ᠰᠡᠳᠬᠢᠯ ᠳ᠋ᠦ᠍ ᠨᠢᠭᠡᠯᠡ ᠲᠠᠭᠠᠲᠠᠢ᠃ ᠱᠣᠣᠮᠠᠢ ᠶ᠋ᠢᠨ ᠬᠠᠩᠬᠤᠯᠤᠮ᠎ᠠ ᠦᠨᠦᠷ ᠳᠤ ᠰᠣᠭᠲᠣᠭᠤᠷᠠᠨ᠂ ᠳᠣᠲᠣᠷ᠎ᠠ ᠥᠷᠥᠭᠡᠨ ᠳ᠋ᠦ᠍ ᠣᠷᠣᠵᠤ ᠣᠴᠢᠪᠠ᠃
ᠬᠣᠶᠠᠷ ᠳᠠᠭᠤᠴᠢ ᠱᠣᠢᠱᠣᠭ ᠤ᠋ᠨ ᠳᠤᠮᠳᠠ ᠱᠠᠯᠢᠭᠯᠠᠨ ᠢᠨᠢᠶᠡᠵᠦ ᠪᠠᠢᠭᠰᠠᠨ ᠬᠠᠷ᠎ᠠ ᠨᠢᠳᠦᠲᠦ᠂ ᠮᠠᠨᠴᠤᠷᠭ᠎ᠠ ᠶ᠋ᠢᠨ ᠣᠷᠣᠵᠤ ᠢᠷᠡᠭᠰᠡᠨ ᠳ᠋ᠦ᠍ ᠰᠠᠨᠳᠤᠷᠤᠨ ᠪᠣᠰᠴᠤ:
— ᠮᠠᠨᠴᠤ ᠠᠬ᠎ᠠ! ᠳᠡᠭᠡᠭᠰᠢ ᠪᠡᠨ ᠳᠡᠭᠡᠭᠰᠢ ᠪᠡᠨ ᠭᠡᠵᠦ ᠰᠢᠷᠡᠭᠡᠨ ᠦ᠌ ᠬᠣᠢᠮᠣᠷ ᠰᠠᠭᠤᠳᠠᠯ ᠤᠷᠤᠭᠤ ᠵᠠᠯᠠᠵᠤ ᠰᠠᠭᠤᠯᠭᠠᠪᠠ᠃
ᠶᠠᠩᠵᠤ ᠪᠣᠯᠭᠠᠨ ᠤ᠋ ᠵᠠᠭᠤᠰᠢ ᠵᠠᠰᠠᠭᠳᠠᠭᠰᠠᠨ ᠰᠢᠷᠡᠭᠡᠨ ᠦ᠌ ᠬᠠᠵᠠᠭᠤ ᠠ᠋ᠴᠠ ᠦᠰᠦ ᠪᠡᠨ ᠱᠠᠩᠬᠤᠯᠠᠨ ᠪᠣᠭᠣᠵᠤ᠂ ᠨᠢᠳᠦ ᠬᠥᠮᠥᠰᠬᠡ ᠪᠡᠨ ᠪᠣᠳᠣᠭᠰᠠᠨ ᠬᠣᠶᠠᠷ ᠳᠠᠭᠤᠴᠢ ᠱᠣᠢᠱᠣᠭ ᠡᠮ᠎ᠡ ᠮᠠᠨᠴᠤᠷᠭ᠎ᠠ᠂ ᠬᠠᠷ᠎ᠠ ᠨᠢᠳᠦᠲᠦ ᠶ᠋ᠢᠨ ᠬᠤᠨᠳᠠᠭᠠᠨ ᠳ᠋ᠤ᠌ ᠠᠷᠢᠬᠢ ᠬᠡᠮᠨᠡᠵᠦ ᠥᠭᠭᠦᠯ᠎ᠡ᠃
— ᠮᠠᠨᠴᠤ ᠠᠬ᠎ᠠ ᠠ᠋᠂ ᠥᠨᠥᠳᠥᠷ ᠠᠬ᠎ᠠ ᠳᠡᠭᠦᠦ ᠬᠣᠶᠠᠭᠤᠯᠠ ᠪᠠᠨ ᠰᠣᠭᠲᠣᠲᠠᠯ᠎ᠠ ᠤᠤᠭᠤᠵᠤ ᠰᠠᠢᠬᠠᠨ ᠨᠢᠭᠡ ᠨᠢ ᠨᠠᠭᠠᠳᠴᠤ ᠬᠣᠨᠣᠶ᠎ᠠ! ᠭᠡᠵᠦ ᠬᠤᠨᠳᠠᠭ᠎ᠠ ᠪᠠᠨ ᠡᠷᠭᠦᠬᠦ ᠳ᠋ᠦ᠍ ᠮᠠᠨᠴᠤᠷᠭ᠎ᠠ ᠴᠤ᠌《ᠵᠠ᠂ ᠲᠡᠭᠡᠬᠦ ᠤᠤ 》 ᠭᠡᠰᠡᠨ ᠰᠢᠭ ᠬᠤᠨᠳᠠᠭ᠎ᠠ ᠪᠠᠨ ᠴᠢᠴᠠᠤᠯᠠᠨ ᠡᠷᠭᠦᠵᠦ ᠵᠡᠷᠭᠡ ᠪᠡᠷ ᠬᠦᠨᠳᠦᠷᠡᠪᠡ᠃
— ᠲᠡᠭᠡᠶ᠎ᠡ ᠳᠡ! ᠳᠡᠭᠦᠦ ᠶ᠋ᠢᠨ ᠬᠡᠰᠢᠭ ᠣᠯᠳᠠᠰᠢ ᠦᠭᠡᠢ ᠭᠡᠳᠡᠭ ᠶᠦ᠍ᠮ! ᠭᠡᠵᠦ《ᠬᠠᠷ᠎ᠠ ᠨᠢᠳᠦᠲᠦ ᠴᠢ ᠶᠠᠭᠤ ᠶᠠᠭᠠᠬᠢᠯ᠎ᠠ ᠭᠡᠵᠦ ᠡᠢᠨ ᠬᠦ᠌ ᠲᠠᠩᠰᠤᠭ ᠰᠢᠷᠡᠭᠡ ᠵᠠᠰᠠᠵᠤ ᠶᠠᠭᠤᠮ᠎ᠠ ᠥᠷᠡᠭᠡᠬᠦ ᠶ᠋ᠢᠨ ᠣᠷᠣᠨ ᠳ᠋ᠤ᠌᠂ ᠬᠣᠶᠠᠭᠤᠯᠠ ᠠᠯᠢ ᠳᠤᠷᠠᠲᠠᠢ ᠠ᠋ᠴᠠ ᠪᠠᠨ ᠬᠡᠳᠦ ᠰᠣᠩᠭᠣᠵᠤ᠂ ᠬᠡᠳᠦᠨ ᠬᠤᠨᠳᠠᠭ᠎ᠠ ᠰᠢᠮᠡᠴᠢᠬᠡᠪᠡᠯ ᠪᠣᠯᠬᠤ ᠪᠠᠢᠭᠰᠠᠨ ᠶᠤᠮ 》 ᠭᠡᠰᠡᠨ ᠲᠥᠯᠥᠪᠲᠡᠢ ᠬᠡᠯᠡᠪᠡᠯ ᠬᠠᠷ᠎ᠠ ᠨᠢᠳᠦᠲᠦ ᠪᠦᠷᠢᠨ ᠤᠬᠠᠪᠤᠷᠢᠯᠠᠵᠤ᠄
— ᠬᠠᠮᠢᠶ᠎ᠠ ᠦᠭᠡᠢ᠂ ᠬᠠᠮᠢᠶ᠎ᠠ ᠦᠭᠡᠢ ᠪᠢᠳᠡ ᠠᠬ᠎ᠠ ᠳᠡᠭᠦᠦ ᠬᠣᠶᠠᠷ ᠠᠪᠳᠠᠷ᠎ᠠ ᠳ᠋ᠠᠬᠢ ᠪᠠᠨ ᠠᠳᠠᠯᠢᠬᠠᠨ ᠵᠠᠷᠤᠵᠤ᠂ ᠠᠶᠠᠭ᠎ᠠ ᠲᠠᠢ ᠪᠠᠨ ᠠᠳᠠᠯᠢᠬᠠᠨ ᠬᠤᠪᠢᠶᠠᠯᠴᠠᠵᠤ ᠢᠳᠡᠬᠦ ᠲᠠᠪᠢᠯᠠᠩ ᠲᠠᠢ ᠳ᠋ᠠᠭᠠᠨ ᠪᠢᠵᠡ! ᠮᠠᠭᠤ ᠳᠡᠭᠦᠦ ᠴᠢᠨᠢ ᠣᠢᠷ᠎ᠠ ᠳ᠋ᠤ᠌ ᠬᠠᠩᠭᠢ ᠭᠠᠨᠵᠤᠭ᠎ᠠ ᠲᠠᠢ᠂ ᠣᠪᠣᠭ᠎ᠠ ᠮᠥᠩᠭᠥ ᠡᠪᠦᠷᠲᠦᠯᠡᠴᠢᠬᠡᠯᠡ᠃ ᠲᠡᠭᠡᠭᠡᠳ ᠠᠬ᠎ᠠ ᠲᠠᠢ ᠪᠠᠨ ᠬᠣᠶᠠᠭᠤᠯᠠ᠁ ᠭᠡᠵᠦ ᠬᠡᠯᠡᠲᠡᠯ᠎ᠡ ᠮᠠᠨᠴᠤᠷᠭ᠎ᠠ᠄
— ᠪᠠᠰᠠ ᠬᠠᠮᠢᠭᠠᠭᠤᠷ ᠲᠡᠨᠦᠵᠦ ᠶᠠᠪᠤᠭᠠᠳ ᠠᠯᠢ ᠶ᠋ᠢ ᠨᠢ ᠬᠠᠷᠠᠯᠠᠭᠤᠯᠪᠠ⁈ ᠠᠢ ᠳᠠ! ᠴᠢ ᠮᠠᠭᠤ ᠵᠣᠯᠢᠭ! ᠭᠡᠰᠡᠨ ᠳ᠋ᠦ᠍ ᠬᠠᠷ᠎ᠠ ᠨᠢᠳᠦᠲᠦ᠄
— ᠦᠭᠡᠢ ᠦᠭᠡᠢ! ᠲᠣᠨᠣᠭ᠎ᠠ ᠳᠡᠭᠡᠷᠡᠮ ᠬᠢᠭᠰᠡᠨ ᠪᠢᠰᠢ! ᠰᠢᠷ᠎ᠠ ᠴᠡᠷᠢᠭ ᠦ᠋ᠨ ᠡᠮᠦᠨ᠎ᠡ ᠡᠴᠡ ᠭᠠᠵᠠᠷᠴᠢᠯᠠᠵᠤ ᠶᠠᠪᠤᠭᠠᠳ ᠣᠯᠤᠭᠰᠠᠨ ᠮᠥᠩᠭᠥ ᠰᠢᠦ! ᠭᠡᠪᠡ᠃
— ᠰᠢᠷ᠎ᠠ ᠴᠡᠷᠢᠭ ?
— ᠤᠤᠬᠠᠢ ᠳᠠ᠂ ᠰᠢᠷ᠎ᠠ ᠴᠡᠷᠢᠭ᠃ ᠬᠡᠯᠡ ᠤᠯᠠ ᠨᠢ ᠮᠡᠳᠡᠭᠳᠡᠬᠦ ᠦᠭᠡᠢ ᠪᠣᠯᠪᠠᠴᠤ ᠲᠡᠷᠡ ᠵᠣᠯᠢᠭ ᠤ᠋ᠳ ᠵᠣᠷᠢᠭ ᠲᠠᠢ᠂ ᠵᠣᠭᠣᠰ ᠲᠠᠢ ᠴᠤ᠌ ᠶᠤᠮ ᠠ᠋!
— ᠦᠭᠡᠢ᠂ ᠬᠠᠷ᠎ᠠ ᠴᠡᠷᠢᠭ ᠦ᠋ᠳ ᠭᠠᠵᠠᠷ ᠠᠪᠴᠤ ᠪᠠᠢᠭᠰᠠᠨ ᠯᠠ ᠰᠢᠲᠠ᠃ ᠰᠢᠷ᠎ᠠ ᠴᠡᠷᠢᠭ᠂ ᠰᠢᠷ᠎ᠠ ᠴᠡᠷᠢᠭ ᠭᠡᠳ ᠦᠢᠮᠡᠵᠦ ᠪᠠᠢᠭᠰᠠᠨ ᠨᠢ ᠡᠦᠲᠦ ᠲᠡᠭᠡᠭᠡᠳ ᠰᠢᠷ᠎ᠠ ᠴᠡᠷᠢᠭ ᠦ᠋ᠨ ᠲᠡᠭᠷᠢ ᠪᠣᠯᠴᠢᠬᠠᠪᠠ ᠤᠤ⁈
— ᠶᠠᠭᠤᠮ᠎ᠠ ᠶ᠋ᠢ ᠬᠡᠯᠡᠵᠦ ᠮᠡᠳᠡᠬᠦ ᠦᠭᠡᠢ᠃ ᠡᠦᠲᠦ ᠴᠢᠨᠢ ᠰᠢᠷ᠎ᠠ ᠴᠡᠷᠢᠭ ᠦ᠋ᠨ ᠲᠡᠭᠷᠢ ᠭᠡᠰᠡᠨ ᠦᠭᠡ᠃ ᠮᠠᠭᠤ ᠰᠠᠢᠨ ᠬᠠᠷ᠎ᠠ ᠴᠡᠷᠢᠭ ᠦ᠋ᠳ ᠰᠢᠷ᠎ᠠ ᠴᠡᠷᠢᠭ ᠡᠴᠡ ᠰᠦᠷᠳᠡᠵᠦ ᠪᠦᠷ ᠪᠠᠷᠠᠭᠤᠨᠰᠢ ᠪᠠᠨ ᠵᠢᠯᠢᠢᠵᠦ ᠪᠣᠷᠣᠲᠣᠬᠣᠢ ᠶ᠋ᠢᠨ ᠲᠠᠢᠰᠢ ᠪᠠᠨ ᠤᠬᠤᠷᠢᠴᠢᠬᠠᠭᠰᠠᠨ! ᠬᠠᠷ᠎ᠠ ᠴᠡᠷᠢᠭ ᠪᠠᠢᠬᠤ ᠳ᠋ᠤ᠌ ᠬᠥᠮᠦᠨ ᠢ᠋ ᠵᠦᠭᠡᠷ ᠬᠣᠯᠬᠢᠵᠤ ᠬᠡᠯᠲᠦᠰᠬᠢᠪᠡᠯ ᠴᠢᠮᠠᠶ᠋ᠢ ᠬᠠᠷᠭᠢᠰᠯᠠᠵᠤ ᠬᠢᠬᠠᠬᠤ ᠳ᠋ᠠᠭᠠᠨ ᠰᠠᠢᠨ ᠶᠤᠮ᠂ ᠵᠠ᠂ ᠤᠤᠭᠤᠶ᠎ᠠ ᠭᠡᠳ ᠬᠤᠨᠳᠠᠭ᠎ᠠ ᠪᠠᠨ ᠬᠣᠭᠣᠰᠣᠯᠠᠭᠰᠠᠨ ᠳ᠋ᠤ᠌ ᠥᠨᠥᠬᠢ ᠱᠣᠢᠱᠣᠭ ᠡᠮ᠎ᠡ ᠴᠢᠯᠥᠭᠡ ᠵᠠᠪ ᠦᠭᠡᠢ ᠠᠷᠢᠬᠢ ᠬᠡᠮᠨᠡᠵᠦ᠂ ᠴᠠᠢ ᠤᠰᠤ ᠣᠢᠷᠠᠲᠤᠭᠤᠯᠬᠤ ᠶ᠋ᠢᠨ ᠳᠠᠭᠠᠤ ᠮᠠᠨᠴᠤᠷᠭ᠎ᠠ ᠬᠠᠷ᠎ᠠ ᠨᠢᠳᠦᠲᠦ ᠬᠣᠶᠠᠷ ᠲᠤ᠌ ᠨᠠᠯᠢᠭᠯᠠ ᠡᠷᠬᠡᠯᠡᠵᠦ᠂ ᠤᠳᠠᠬᠤ ᠦᠭᠡᠢ ᠬᠦᠵᠦᠭᠦᠳᠡᠵᠦ ᠥᠬᠥᠭᠡᠷᠳᠡᠨ ᠳᠠᠭᠠᠯᠠᠬᠤ ᠴᠡᠨ᠎ᠡ ᠰᠢᠭ ᠪᠠᠰᠠ ᠡᠪᠦᠷ ᠲᠤᠨᠢ ᠭᠠᠷ ᠢ᠋ᠶ᠋ᠠᠨ ᠰᠢᠷᠭᠤᠭᠤᠯᠵᠤ᠂ ᠡᠨᠡ ᠲᠡᠷᠡ ᠶ᠋ᠢ ᠨᠢ ᠲᠡᠮᠲᠡᠷᠢᠨ ᠠᠷᠭ᠎ᠠ ᠦᠭᠡᠢ ᠨᠠᠭᠠᠯᠢᠩᠬᠠᠢᠲᠤᠨᠠ᠃ ᠥᠨᠳᠥᠷ ᠰᠢᠭ ᠪᠡᠶ᠎ᠡ ᠲᠡᠢ ᠱᠣᠢᠱᠣᠭ ᠡᠮ᠎ᠡ ᠮᠠᠨᠴᠤᠷᠭ᠎ᠠ ᠶ᠋ᠢᠨ ᠡᠪᠴᠢᠭᠦᠨ ᠦ᠌ ᠦᠰᠦ ᠶ᠋ᠢ ᠢᠯᠢᠵᠦ 《ᠡᠨᠡ ᠠᠬ᠎ᠠ ᠶ᠋ᠢᠨ ᠪᠡᠶ᠎ᠡ ᠦᠨᠡᠬᠡᠷ ᠳᠠᠷᠳᠠᠢ᠃ ᠶᠣᠰᠣᠲᠠᠢ ᠡᠷ᠎ᠡ ᠬᠥᠮᠦᠨ᠁》 ᠭᠡᠳ ᠮᠠᠨᠴᠤᠷᠭ᠎ᠠ ᠶ᠋ᠢᠨ ᠡᠷᠡᠦ ᠶ᠋ᠢ ᠬᠤᠮᠢᠵᠤ ᠠᠪᠤᠭᠠᠳ ᠤᠷᠤᠭᠤᠯ ᠢ᠋ ᠨᠢ ᠰᠢᠨᠤᠭ ᠦᠨᠦᠰᠪᠡ᠃
— ᠤᠤᠬᠠᠢ᠂ ᠡᠨᠡ ᠠᠬ᠎ᠠ ᠴᠢᠨᠢ ᠵᠡᠪᠰᠡᠭ ᠰᠠᠢᠲᠠᠢ᠂ ᠰᠠᠢᠨ ᠡᠷ᠎ᠡ ᠰᠢᠦ! ᠥᠨᠥ᠍ ᠰᠥᠨᠢ ᠨᠢᠭᠡ ᠵᠠᠢᠳᠠᠯᠠᠭᠤᠯᠵᠤ ᠦᠵᠡ! ᠭᠡᠵᠦ ᠬᠠᠷ᠎ᠠ ᠨᠢᠳᠦᠲᠦ ᠱᠠᠯᠢᠭᠯᠠᠨ ᠢᠨᠢᠶᠡᠭᠰᠡᠨ ᠳ᠋ᠦ᠍ ᠲᠡᠷᠡ ᠱᠣᠢᠱᠣᠭ᠄
— ᠶᠠᠮᠠᠷ ᠡᠭᠳᠡᠭᠦᠲᠡᠢ ᠶᠦᠮ ᠭᠡᠳ ᠢᠴᠢᠩᠭᠦᠷᠡᠭᠰᠡᠨ ᠰᠢᠨᠵᠢ ᠭᠠᠷᠭᠠᠨ᠎ᠠ᠃
ᠮᠠᠨᠴᠤᠷᠭ᠎ᠠ ᠴᠤ᠌ ᠨᠡᠯᠢᠶᠡᠳ ᠬᠠᠯᠠᠮᠰᠠᠭᠰᠠᠨ ᠪᠣᠯᠬᠣᠷ ᠥᠨᠥᠬᠢ ᠱᠣᠢᠱᠣᠭ ᠤ᠋ᠨ ᠬᠥᠬᠥ ᠶ᠋ᠢ ᠨᠢ ᠲᠡᠮᠲᠡᠷᠢᠵᠦ ᠪᠠᠵᠠᠭᠳᠠᠨ ᠤᠷᠢᠯᠠᠭᠤᠯᠤᠨᠠ ᠁
ᠬᠠᠷ᠎ᠠ ᠨᠢᠳᠦᠲᠦ᠂ ᠮᠠᠨᠴᠤᠷᠭ᠎ᠠ ᠶ᠋ᠢᠨ ᠤᠷᠮ᠎ᠠ ᠬᠥᠭᠵᠢᠭᠰᠡᠨ ᠢ᠋ ᠬᠠᠷᠠᠭᠠᠳ᠄
— ᠮᠠᠨᠴᠤ ᠠᠬ᠎ᠠ ᠠ᠋᠂ ᠰᠢᠷ᠎ᠠ ᠴᠡᠷᠢᠭ ᠦ᠋ᠨ ᠨᠣᠶᠠᠨ ᠨᠠᠳᠠ ᠪᠠᠰᠠ ᠨᠢᠭᠡ ᠭᠠᠵᠠᠷᠴᠢᠯᠠᠬᠤ ᠡᠭᠦᠷᠭᠡ ᠦᠭᠭᠦᠭᠰᠡᠨ ᠶᠦᠮ᠃ ᠬᠣᠶᠠᠭᠤᠯᠠ ᠪᠠᠨ ᠬᠠᠮᠵᠢᠯᠴᠠᠶ᠎ᠠ᠂ ᠪᠣᠯᠬᠤ ᠤᠤ? ᠦᠨᠡᠨ ᠳ᠋ᠡᠭᠡᠨ ᠪᠢ ᠥᠨᠥᠳᠥᠷ ᠲᠠᠨ ᠲᠠᠢ ᠠᠷᠢᠬᠢᠳᠠᠵᠤ ᠪᠠᠢᠭ᠎ᠠ ᠨᠢ ᠬᠣᠶᠠᠷᠬᠠᠨ ᠵᠣᠷᠢᠯᠭ᠎ᠠ ᠲᠠᠢ᠃ ᠨᠢᠭᠡ ᠨᠢ ᠮᠠᠭᠤ ᠳᠡᠭᠦᠦ ᠴᠢᠨᠢ ᠪᠠᠭ᠎ᠠ ᠰᠠᠭ᠎ᠠ ᠮᠥᠩᠭᠥ ᠡᠪᠦᠷᠯᠡᠴᠢᠬᠡᠯᠡ ᠭᠡᠳ ᠴᠠᠭᠠᠰᠢ ᠪᠠᠨ ᠨᠥᠭᠡᠬᠦ ᠶ᠋ᠢ ᠮᠡᠳᠡᠳᠡᠭ ᠦᠭᠡᠢ ᠲᠡᠨᠡᠭ ᠠᠮᠢᠲᠠᠨ᠃ ᠲᠡᠭᠡᠭᠡᠳ ᠯᠡ ᠠᠬ᠎ᠠ ᠲᠠᠢ ᠪᠠᠨ ᠬᠣᠶᠠᠭᠤᠯᠠ ᠢᠩᠭᠢᠵᠦ ᠵᠢᠷᠭᠠᠭᠰᠠᠨ ᠨᠢ ᠳᠡᠭᠡᠷ᠎ᠡ ᠴᠦ᠍ ᠶᠦᠮ ᠤᠤ ᠭᠡᠵᠦ ᠪᠣᠳᠣᠯ᠎ᠠ᠃ ᠨᠥᠭᠦᠭᠡ ᠨᠢ ᠰᠢᠷ᠎ᠠ ᠴᠡᠷᠢᠭ ᠦ᠋ᠨ ᠨᠣᠶᠠᠨ ᠶᠠᠮᠠᠷ ᠨᠢᠭᠡ ᠴᠢᠬᠤᠯᠠ ᠭᠠᠵᠠᠷ ᠣᠴᠢᠬᠤ ᠭᠡᠵᠦ ᠨᠠᠳᠠ ᠳ᠋ᠤ᠌ ᠭᠠᠵᠠᠷᠴᠢᠯᠠᠬᠤ ᠡᠭᠦᠷᠭᠡ ᠦᠭᠭᠦᠭᠰᠡᠨ ᠪᠣᠯᠬᠣᠷ ᠬᠠᠮᠠᠨ ᠤ᠋ ᠲᠦᠷᠦᠭᠦᠨ ᠳ᠋ᠦ᠍ ᠪᠢ ᠲᠠᠨ ᠢ᠋ ᠰᠠᠨᠠᠵᠤ ᠣᠯᠪᠠ᠃ ᠲᠠ ᠥᠪᠡᠷ ᠢ᠋ᠶ᠋ᠡᠨ ᠳᠤᠷᠠᠲᠠᠢ ᠪᠣᠯ ᠲᠡᠷᠡ ᠮᠥᠩᠭᠥ ᠶ᠋ᠢ ᠲᠠ ᠯᠠ ᠡᠪᠦᠷᠲᠦᠯᠡᠵᠦ ᠴᠢᠳᠠᠬᠤ ᠠ᠋ᠴᠠ ᠳᠠ᠂ ᠥᠭᠡᠷ᠎ᠡ ᠬᠥᠮᠦᠨ ᠴᠢᠳᠠᠬᠤ ᠦᠭᠡᠢ ᠠ᠋ ! ᠭᠡᠵᠦ ᠪᠠᠷᠳᠠᠮ ᠦᠭᠡ ᠬᠡᠯᠡᠨ᠎ᠡ᠃
— ᠰᠢᠷ᠎ᠠ ᠴᠡᠷᠢᠭ ᠪᠠᠰᠠ ᠬᠠᠮᠢᠭ᠎ᠠ ᠣᠴᠢᠬᠤ ᠭᠡᠵᠦ ᠴᠢᠮ᠎ᠠ ᠳ᠋ᠤ᠌ ᠶᠠᠮᠠᠷ ᠡᠭᠦᠷᠭᠡ ᠥᠭᠪᠡ ?
— ᠶᠠᠮᠠᠷ ᠡᠭᠦᠷᠭᠡ? ᠲᠠ ᠣᠴᠢᠨ᠎ᠠ ᠤᠤ? ᠲᠡᠷᠡ ᠮᠥᠩᠭᠥ ᠶ᠋ᠢ ᠡᠪᠦᠷᠲᠦᠯᠡᠬᠦ ᠵᠣᠷᠢᠭ ᠪᠠᠢᠨ᠎ᠠ ᠤᠤ?
— ᠴᠢ ᠬᠡᠯᠡᠵᠦ ᠦᠵᠡ! ᠶᠠᠮᠠᠷ ᠡᠭᠦᠷᠭᠡ ᠶᠦᠮ ?
— ᠲᠠᠨ ᠳ᠋ᠤ᠌ ᠴᠤ᠌ ᠪᠣᠯ ᠭᠠᠷ ᠤ᠋ᠨ ᠠᠯᠠᠭ᠎ᠠ ᠤᠷᠪᠠᠭᠤᠯᠬᠤ ᠰᠢᠭ᠋ ᠬᠢᠯᠪᠠᠷᠬᠠᠨ ᠶᠠᠪᠤᠳᠠᠯ᠃ ᠨᠠᠳᠠ ᠳ᠋ᠠᠭᠠᠨ ᠪᠣᠯ ᠲᠡᠭᠷᠢ ᠳ᠋ᠦ᠍ ᠭᠠᠷᠬᠤ ᠠ᠋ᠴᠠ ᠴᠤ᠌ ᠪᠡᠷᠬᠡ!
— ᠨᠢᠯᠠᠭᠤᠨ ᠠ᠋ᠴᠠ ᠰᠢᠯᠤᠭᠤᠨ ᠭᠡᠳᠡᠭ᠃ ᠴᠢ ᠬᠤᠷᠳᠤᠨ ᠶᠠᠷᠢ!
— ᠮᠤᠨᠠ ᠶ᠋ᠢᠨ ᠰᠢᠪᠠᠭᠤᠲᠤ ᠶ᠋ᠢᠨ ᠭᠠᠴᠠᠭᠠᠨ ᠤ᠋ ᠬᠠᠮᠢᠭᠠᠭᠤᠷ ᠪᠠᠢᠳᠠᠭ ᠢ᠋ ᠪᠤᠤ ᠮᠡᠳᠡ! ᠨᠢᠭᠡ ᠶᠡᠬᠡ ᠴᠢᠳᠬᠤᠯᠠᠩ ᠭᠠᠴᠠᠭ᠎ᠠ ᠲᠠᠢ ᠴᠡᠩᠬᠡᠷ ᠴᠣᠩᠬᠢᠶᠠᠯ ᠪᠠᠢᠳᠠᠭ ᠭᠡᠨ᠎ᠡ᠃ ᠲᠡᠷᠡ ᠴᠣᠩᠬᠢᠶᠠᠯ ᠤᠰᠤᠨ ᠳ᠋ᠤ᠌ ᠠᠪᠤᠭᠠᠳ ᠪᠠᠷᠠᠰᠢ ᠦᠭᠡᠢ ᠶᠡᠬᠡ ᠮᠥᠩᠭᠥ᠂ ᠱᠢᠷᠦ ᠰᠤᠪᠤᠳ ᠡᠷᠳᠡᠨᠢᠰ ᠦ᠋ᠨ ᠵᠦᠢᠯ ᠬᠠᠳᠠᠭᠠᠯᠠᠵᠤ ᠪᠠᠢᠳᠠᠭ ᠭᠡᠨ᠎ᠡ᠁ ᠲᠡᠭᠦᠨ ᠢ᠋ ᠯᠡ ᠠᠪᠬᠤ ᠭᠡᠵᠦ ᠰᠢᠷ᠎ᠠ ᠴᠡᠷᠢᠭ ᠶᠡᠬᠡ ᠰᠣᠨᠢᠷᠬᠠᠭᠠᠳ ᠪᠠᠢᠨ᠎ᠠ᠃
— ᠵᠠ᠂ ᠪᠠᠢᠴᠢᠬᠠᠭᠰᠠᠨ ᠨᠢ ᠳᠡᠭᠡᠷ᠎ᠡ ! ᠲᠡᠢᠮᠦ ᠶᠠᠭᠤᠮᠠᠨ ᠳ᠋ᠤ᠌ ᠪᠢ ᠯᠡ ᠶᠠᠪᠤᠬᠤ ᠦᠭᠡᠢ!
— ᠦᠭᠡᠢ᠂ ᠲᠡᠢᠮᠦ ᠶᠡᠬᠡ ᠮᠥᠩᠭᠥ ᠲᠡᠢ ᠴᠣᠩᠬᠢᠶᠠᠯ ᠤ᠋ᠨ ᠤᠰᠤ ᠪᠠᠢᠳᠠᠭ ᠭᠡᠰᠡᠨ ᠦᠨᠡᠨ ᠤᠤ?
— ᠳᠡᠭᠡᠷ᠎ᠡ ᠦᠶ᠎ᠡ ᠶ᠋ᠢᠨ ᠬᠥᠮᠦᠰ ᠪᠠᠢᠨ᠎ᠠ ᠭᠡᠵᠦ ᠬᠡᠯᠡᠯᠴᠡᠳᠡᠭ ᠡᠴᠡ ᠪᠢᠰᠢ ᠲᠡᠷᠡ ᠮᠥᠩᠭᠥ ᠡᠷᠳᠡᠨᠢᠰ ᠢ᠋ ᠬᠡᠨ ᠴᠦ᠍ ᠠᠪᠴᠤ ᠴᠢᠳᠠᠳᠠᠭ ᠦᠭᠡᠢ ᠭᠡᠳᠡᠭ᠃
— ᠮᠠᠨᠴᠤ ᠠᠬ᠎ᠠ ᠠ᠋! ᠬᠠᠮᠢᠶ᠎ᠠ ᠦᠭᠡᠢ᠂ ᠲᠡᠢᠮᠦ ᠶᠡᠬᠡ ᠮᠥᠩᠭᠥ ᠲᠡᠢ ᠭᠠᠵᠠᠷ ᠦᠨᠡᠨ ᠪᠠᠢᠪᠠᠯ ᠶᠠᠭᠠᠬᠢᠬᠤ ᠪᠣᠢ? ᠰᠢᠷ᠎ᠠ ᠴᠡᠷᠢᠭ ᠠᠷᠭ᠎ᠠ ᠲᠠᠢ ᠭᠡᠨ᠎ᠡ᠃
— ᠲᠡᠭᠡᠪᠡᠯ ᠰᠢᠷ᠎ᠠ ᠴᠡᠷᠢᠭ ᠦ᠋ᠨ ᠴᠢᠳᠠᠯ ᠮᠡᠳᠡᠨ᠎ᠡ ᠳᠠ! ᠸᠠᠩ ᠰᠣᠬᠣᠷ ᠤ᠋ᠨ ᠬᠠᠷ᠎ᠠ ᠴᠡᠷᠢᠭ ᠦ᠋ᠳ ᠬᠡᠳᠦ ᠳᠠᠬᠢᠨ ᠣᠷᠣᠯᠳᠣᠭᠠᠳ ᠪᠣᠯᠤᠭᠰᠠᠨ ᠦᠭᠡᠢ᠂ ᠴᠡᠷᠢᠭ ᠬᠤᠶᠠᠭ ᠢ᠋ᠶ᠋ᠠᠨ ᠳᠡᠮᠡᠢ ᠬᠣᠬᠢᠷᠠᠭᠠᠵᠤ ᠭᠡᠨ᠎ᠡ ᠪᠢᠯᠡ!
— ᠸᠠᠩ ᠰᠣᠬᠣᠷ? ᠸᠠᠩ ᠰᠣᠬᠣᠷ ᠤ᠋ᠨ ᠬᠠᠷ᠎ᠠ ᠴᠡᠷᠢᠭ ᠶᠠᠭᠤ ᠪᠠᠢᠬᠤ ᠪᠣᠢ? ᠤᠯᠠᠭᠠᠨ ᠬᠠᠲᠤᠨ ᠢ᠋ ᠰᠠᠬᠢᠵᠤ᠂ ᠰᠤᠪᠠᠭ ᠮᠠᠯᠲᠠᠵᠤ᠂ ᠭᠠᠵᠠᠷ ᠲᠠᠷᠢᠶ᠎ᠠ ᠡᠵᠡᠮᠳᠡᠬᠦ ᠡᠴᠡ ᠴᠠᠭᠠᠰᠢ ᠶᠠᠭᠤ ᠪᠠᠢᠨ᠎ᠠ ᠳᠠ? ᠰᠢᠷ᠎ᠠ ᠴᠡᠷᠢᠭ ᠡᠴᠡ ᠰᠦᠨᠡᠰᠦ ᠪᠡᠨ ᠭᠠᠷᠲᠠᠯ᠎ᠠ ᠠᠶᠤᠬᠤ ᠳ᠋ᠠᠭᠠᠨ ᠪᠣᠷᠣᠳᠣᠬᠣᠢ ᠲᠠᠢᠰᠢ ᠪᠠᠨ ᠭᠤᠳᠤᠢᠴᠢᠬᠠᠭᠰᠠᠨ ᠪᠢᠰᠢ ᠤᠤ!
— ᠵᠠ ᠮᠡᠳᠡᠬᠦ ᠦᠭᠡᠢ ᠠ᠋ ! ᠬᠡᠨ ᠨᠢ ᠴᠢᠳᠠᠯᠲᠠᠢ ᠪᠣᠯ ᠲᠡᠭᠡᠭᠡᠳ ᠲᠡᠷᠡ ᠶᠡᠬᠡ ᠮᠥᠩᠭᠥ ᠶ᠋ᠢ ᠠᠪᠤᠨ᠎ᠠ ᠪᠢᠵᠡ! ᠨᠠᠳᠠ ᠬᠠᠮᠢᠶ᠎ᠠ ᠦᠭᠡᠢ᠃
— ᠦᠭᠡᠢ᠂ ᠲᠠ ᠵᠦᠭᠡᠷ ᠵᠦᠭ ᠴᠢᠭ ᠢ᠋ ᠨᠢ ᠵᠢᠭᠠᠵᠤ᠂ ᠵᠠᠮ ᠵᠢᠯᠣᠭᠣ ᠶ᠋ᠢ ᠨᠢ ᠣᠯᠭᠣᠭᠠᠳ ᠥᠭᠴᠢᠬᠡᠪᠡᠯ ᠪᠣᠯᠴᠢᠬᠠᠳᠠᠭ ᠶᠠᠪᠤᠳᠠᠯ᠃ ᠡᠢᠮᠦ ᠠᠮᠠᠷᠬᠠᠨ ᠵᠢᠷᠣᠭᠠᠯᠠᠵᠤ ᠢᠷᠡᠬᠦ ᠵᠣᠭᠣᠰ ᠢ᠋ ᠣᠯᠬᠤ ᠦᠭᠡᠢ ᠤᠤ ᠲᠠ? ᠭᠡᠵᠦ ᠬᠠᠷ᠎ᠠ ᠨᠢᠳᠦᠲᠦ ᠮᠠᠨᠴᠤᠷᠭ᠎ᠠ ᠶ᠋ᠢ ᠰᠢᠬᠠᠨ ᠠᠯᠪᠠᠳᠠᠬᠤ ᠮᠠᠶᠢᠭᠲᠠᠢ ᠳᠤᠤᠭᠠᠷᠤᠭᠰᠠᠨ ᠳ᠋ᠤ᠌ ᠮᠠᠨᠴᠤᠷᠭ᠎ᠠ᠄
— ᠵᠠ᠂ ᠠᠮᠠᠷᠬᠠᠨ ᠵᠣᠭᠣᠰ ᠣᠯᠳᠠᠭ ᠵᠠᠮ ᠢ᠋ ᠣᠯᠴᠢᠬᠠᠭᠰᠠᠨ ᠪᠣᠯ ᠲᠡᠷᠡ ᠵᠣᠭᠣᠰ ᠢ᠋ ᠥᠪᠡᠷ ᠢ᠋ᠶ᠋ᠡᠨ ᠣᠯ! ᠪᠢ ᠴᠦ᠍ ᠲᠡᠭᠡᠵᠦ ᠡᠴᠢᠭᠡ ᠳᠡᠭᠡᠳᠦᠰ ᠦ᠋ᠨ ᠦᠶ᠎ᠡ ᠡᠴᠡ ᠣᠩᠭᠣᠳ ᠰᠠᠬᠢᠭᠤᠰᠤ ᠣᠷᠣᠰᠢᠭᠰᠠᠨ ᠨᠤᠲᠤᠭ ᠤᠰᠤ ᠶ᠋ᠢ ᠪᠤᠵᠠᠷᠳᠠᠭᠤᠯᠤᠨ ᠪᠤᠰᠠᠨᠢᠭᠤᠯᠬᠤ ᠪᠤᠷᠤᠭᠤ ᠨᠣᠮ ᠤ᠋ᠨ ᠠᠵᠢᠯ ᠢ᠋ ᠬᠢᠬᠦ ᠦᠭᠡᠢ ᠠ᠋! ᠭᠡᠵᠦ ᠬᠤᠨᠳᠠᠭ᠎ᠠ ᠲᠠᠢ ᠠᠷᠢᠬᠢ ᠪᠠᠨ ᠬᠥᠨᠲᠥᠷᠴᠦ ᠣᠷᠬᠢᠨ᠂ ᠬᠣᠭᠣᠰᠣᠨ ᠬᠤᠨᠳᠠᠭ᠎ᠠ ᠶ᠋ᠢ ᠰᠢᠷᠡᠭᠡᠨ ᠳᠡᠭᠡᠷ᠎ᠡ ᠫᠠᠰ ᠬᠢᠲᠡᠯ᠎ᠡ ᠰᠢᠪᠠᠭᠰᠠᠨ ᠳ᠋ᠤ᠌ ᠱᠠᠭᠠᠵᠠᠩ ᠬᠤᠨᠳᠠᠭ᠎ᠠ ᠬᠡᠳᠦᠨ ᠠᠩᠭᠢ ᠪᠣᠯᠤᠨ ᠪᠢᠴᠠᠷᠠᠪᠠ᠃
ᠥᠨᠥᠬᠢ ᠬᠣᠶᠠᠷ ᠱᠣᠢᠱᠣᠭ《ᠠᠶ᠎ᠠ᠂ ᠮᠥᠮᠥ ᠠ᠋!》 ᠴᠢᠬᠠᠷᠠᠨ ᠣᠷᠢᠯᠠᠵᠤ ᠳᠣᠣᠷ᠎ᠠ ᠪᠠᠨ ᠴᠣᠮᠴᠣᠢᠨᠠ᠁
ᠮᠠᠨᠴᠤᠷᠭ᠎ᠠ ᠠᠭᠤᠷ ᠲᠠᠭᠠᠨ ᠪᠣᠰᠴᠤ ᠶᠠᠪᠤᠬᠤ ᠭᠡᠪᠡᠯ᠄
— ᠮᠠᠨᠴᠤ ᠠᠬ᠎ᠠ ᠶᠠᠭᠠᠬᠢᠪᠠ? ᠰᠣᠭᠲᠣᠵᠤ ᠪᠠᠢᠨ᠎ᠠ ᠤᠤ? ᠦᠭᠡᠢ ᠪᠢᠵᠡ? ᠲᠠ ᠣᠴᠢᠬᠤ ᠦᠭᠡᠢ ᠪᠣᠯ ᠪᠠᠢᠯ᠎ᠠ ᠰᠢᠳᠡ! ᠶᠠᠭᠤᠨ ᠳ᠋ᠤ᠌ ᠢᠩᠭᠢᠵᠦ ᠠᠭᠤᠷᠯᠠᠨ᠎ᠠ ᠪᠣᠢ? ᠰᠠᠭᠤ᠂ ᠰᠠᠭᠤ᠂ ᠮᠠᠨᠴᠤ ᠠᠬ᠎ᠠ ᠠᠭᠤᠷ ᠢ᠋ᠶ᠋ᠠᠨ ᠳᠠᠷᠤ! ᠣᠳᠣ ᠲᠡᠷᠡ ᠲᠡᠷᠡ ᠶ᠋ᠢ ᠶᠠᠷᠢᠬᠤ ᠦᠭᠡᠢ! ᠡᠨᠡ ᠬᠣᠶᠠᠷ ᠢ᠋ᠶ᠋ᠠᠷ ᠳᠠᠭᠤᠯᠠᠭᠤᠯᠵᠤ ᠪᠠᠢᠭᠠᠳ ᠰᠠᠢᠬᠠᠨ ᠨᠠᠢᠷᠯᠠᠵᠤ ᠨᠠᠭᠠᠳᠤᠶ᠎ᠠ᠁ ᠭᠡᠵᠦ ᠬᠠᠷ᠎ᠠ ᠨᠢᠳᠦᠲᠦ ᠮᠠᠨᠴᠤᠷᠭ᠎ᠠ ᠨᠢ ᠠᠷᠭᠠᠳᠠᠵᠤ ᠣᠷᠣᠨ ᠳ᠋ᠤᠨᠢ ᠰᠠᠭᠤᠯᠭᠠᠪᠠ᠃ ᠮᠠᠨᠴᠤᠷᠭ᠎ᠠ ᠳᠣᠲᠣᠷ᠎ᠠ ᠪᠠᠨ 《ᠬᠠᠷ᠎ᠠ ᠨᠢᠳᠦᠲᠦ ᠥᠨᠥᠳᠥᠷ ᠢᠩᠭᠢᠳᠡᠭ ᠨᠢ ᠰᠢᠷ᠎ᠠ ᠴᠡᠷᠢᠭ ᠦ᠋ᠨ ᠲᠦᠰᠢᠭᠲᠡᠢ ᠭᠡᠳ ᠨᠠᠮᠠᠶ᠋ᠢ ᠬᠥᠯᠯᠡᠬᠦ ᠪᠡᠷ ᠪᠠᠢᠭ᠎ᠠ ᠶᠤᠮ ᠪᠠᠢᠨ᠎ᠠ᠃ ᠡᠭᠦᠨ ᠦ᠌ ᠡᠮᠦᠨ᠎ᠡ ᠡᠴᠡ ᠰᠢᠷᠦᠭᠦᠨ ᠣᠷᠣᠪᠠᠯ ᠲᠦᠰᠢᠭ ᠲᠡᠭᠡᠨ ᠡᠷᠳᠦᠵᠦ ᠶᠠᠭᠤ ᠬᠢᠬᠦ ᠡᠴᠡ ᠴᠤ᠌ ᠪᠤᠴᠠᠬᠤ ᠦᠭᠡᠢ ᠵᠣᠯᠢᠭ ᠳᠠ!》 ᠭᠡᠵᠦ ᠰᠠᠶᠢ ᠶ᠋ᠢᠨ ᠠᠭᠤᠷ ᠬᠢᠯᠢᠩ ᠳ᠋ᠡᠭᠡᠨ ᠬᠠᠷᠠᠬᠠᠨ ᠭᠡᠮᠰᠢᠵᠦ᠄
— ᠵᠠ᠂ ᠳᠡᠭᠦᠦ ᠮᠢᠨᠢ ᠠᠭᠤᠴᠢᠯᠠᠭᠠᠷᠠᠢ! ᠠᠬ᠎ᠠ ᠨᠢ ᠰᠣᠭᠲᠣᠵᠤ ᠪᠠᠢᠨ᠎ᠠ᠃ ᠴᠡᠴᠡᠭ ᠬᠠᠲᠤᠨ ᠠ᠋ᠴᠠ ᠬᠣᠢᠰᠢ ᠰᠡᠳᠬᠢᠯ ᠶᠡᠬᠡ ᠵᠣᠪᠠᠭᠤᠷᠢᠯᠠᠭᠰᠠᠨ ᠤ᠋ ᠴᠤ᠌ ᠶᠤᠮ ᠤᠤ᠂ ᠳᠠᠩᠴᠤ ᠠᠷᠢᠬᠢ ᠳᠠᠭᠠᠭᠠᠬᠤ ᠥᠬᠡᠢ ᠲᠡᠭᠡᠭᠡᠳ ᠪᠠᠰᠠ ᠠᠮᠠᠷᠬᠠᠨ ᠠᠭᠤᠷᠯᠠᠳᠠᠭ ᠪᠣᠯᠤᠭᠰᠠᠨ᠂ ᠶᠣ᠂ ᠶᠣᠬᠣ ᠲᠣᠯᠣᠭᠠᠢ ᠬᠡᠴᠡᠭᠦᠦ ᠡᠪᠡᠳᠳᠡᠭ ᠨᠢ ᠶᠠᠭᠤ ᠪᠣᠢ?᠁ ᠭᠡᠵᠦ ᠳᠣᠷᠣᠭᠰᠢ ᠬᠠᠷᠠᠨ ᠴᠢᠮᠠᠷᠬᠠᠢ ᠪᠠᠨ ᠨᠤᠬᠤᠯᠠᠨ᠎ᠠ᠃
ᠡᠨᠡ ᠬᠣᠭᠣᠷᠣᠨᠳᠣ ᠬᠠᠷ᠎ᠠ ᠨᠢᠳᠦᠲᠦ 《ᠰᠢᠷ᠎ᠠ ᠴᠡᠷᠢᠭ ᠦ᠋ᠨ ᠡᠮᠦᠨ᠎ᠡ ᠡᠴᠡ ᠬᠠᠳᠠᠨ ᠭᠠᠴᠠᠭᠠᠲᠤ ᠴᠣᠩᠬᠢᠶᠠᠯ ᠤ᠋ᠨ ᠮᠥᠩᠭᠥ ᠬᠠᠢᠬᠤ ᠪᠠᠷ ᠶᠠᠪᠤᠬᠤ ᠦᠭᠡᠢ ᠭᠡᠪᠡᠯ ᠴᠠᠭᠠᠰᠢ ᠨᠢ ᠬᠠᠨᠳᠤᠭᠤᠯᠴᠢᠬᠠ! ᠶᠠᠪᠤᠬᠤ ᠰᠠᠨᠠᠭᠠᠲᠠᠢ ᠪᠣᠯ ᠬᠠᠳᠠᠨ ᠤ᠋ ᠮᠥᠩᠭᠥ ᠶ᠋ᠢ ᠠᠷᠭᠠᠯᠠᠵᠤ ᠠᠪᠴᠢᠷᠠᠭᠠᠳ ᠮᠡᠳᠡᠶ᠎ᠡ᠁》 ᠭᠡᠵᠦ ᠥᠯᠵᠡᠢᠰᠠᠩ ᠤ᠋ᠨ ᠬᠡᠯᠡᠭᠰᠡᠨ ᠢ᠋ ᠰᠠᠨᠠᠵᠤ᠂ ᠨᠥᠭᠦᠭᠡ ᠥᠨᠳᠥᠷ ᠰᠢᠭ ᠱᠣᠢᠱᠣᠭ ᠲᠤ ᠨᠢᠳᠦ ᠵᠠᠷᠤᠵᠤ 《ᠮᠠᠨᠴᠤᠷᠭ᠎ᠠ ᠶ᠋ᠢᠨ ᠪᠢᠴᠠᠷᠠᠭᠰᠠᠨ ᠬᠤᠨᠳᠠᠭ᠎ᠠ ᠶ᠋ᠢ ᠰᠣᠯᠢᠬᠤ ᠳ᠋ᠠᠭᠠᠨ ᠳᠣᠲᠣᠷ᠎ᠠ ᠨᠢ ᠬᠣᠣᠷᠲᠤ ᠡᠮ ᠬᠢᠵᠦ ᠣᠷᠭᠢ》 ᠭᠡᠵᠦ ᠪᠢᠲᠡᠭᠦᠬᠡᠨ ᠵᠠᠷᠯᠢᠭ ᠥᠭᠭᠦᠭᠰᠡᠨ ᠢ᠋ ᠲᠡᠷᠡ ᠱᠣᠢᠱᠣᠭ ᠡᠮ᠎ᠡ ᠣᠢᠯᠠᠭᠠᠵᠤ ᠤᠷᠢᠳ ᠠ᠋ᠴᠠ ᠪᠡᠯᠡᠳᠬᠡᠯ ᠲᠡᠢ ᠪᠠᠢᠭᠰᠠᠨ ᠳ᠋ᠠᠭᠠᠨ ᠰᠡᠪ ᠮᠡᠳᠡᠭᠳᠡᠯ ᠦᠭᠡᠢ ᠲᠡᠭᠡᠵᠦ ᠬᠢᠵᠡᠢ᠃ ᠬᠣᠶᠠᠷ ᠱᠣᠢᠱᠣᠭ ᠬᠡᠳᠦ ᠬᠡᠳᠦᠨ ᠬᠢᠲᠠᠳ ᠰᠢ ᠶ᠋ᠢᠨ ᠳᠠᠭᠤᠤ ᠳᠠᠭᠤᠯᠠᠭᠰᠠᠨ ᠳ᠋ᠤ᠌᠂ ᠬᠠᠷ᠎ᠠ ᠨᠢᠳᠦᠲᠦ ᠰᠢ ᠶ᠋ᠢᠨ ᠳᠠᠭᠤᠤ ᠶ᠋ᠢᠨ ᠠᠶ᠎ᠠ ᠳ᠋ᠤ᠌ ᠰᠣᠭᠲᠣᠭᠤᠷᠠᠨ ᠠᠶ᠎ᠠ ᠠᠢᠵᠠᠮ ᠳ᠋ᠤᠨᠢ ᠲᠣᠯᠣᠭᠠᠢ ᠪᠠᠨ ᠳᠣᠬᠢᠯᠵᠠᠭᠤᠯᠵᠤ᠂ ᠬᠥᠯ ᠦ᠋ᠨ ᠢ᠋ᠶ᠋ᠡᠨ ᠥᠯᠮᠡᠢ ᠪᠡᠨ ᠠᠢᠵᠠᠮ ᠳ᠋ᠤᠨᠢ ᠲᠠᠭᠠᠷᠠᠭᠤᠯᠤᠨ ᠲᠠᠪᠰᠢᠨ᠎ᠠ᠃ ᠮᠠᠨᠴᠤᠷᠭ᠎ᠠ ᠶ᠋ᠢᠨ ᠬᠤᠪᠢ ᠳ᠋ᠤ᠌ ᠡᠨᠡ ᠬᠢᠲᠠᠳ ᠰᠢ ᠶ᠋ᠢᠨ ᠳᠠᠭᠤᠤ ᠲᠡᠭᠦᠨ ᠳ᠋ᠦ᠍ ᠶᠠᠮᠠᠷ ᠴᠤ᠌ ᠤᠷᠮ᠎ᠠ ᠬᠥᠭ ᠪᠣᠯᠵᠤ ᠥᠭᠳᠡᠭ ᠦᠭᠡᠢ ᠳ᠋ᠦ᠍᠄
— ᠲᠠ ᠨᠠᠷ ᠶᠠᠩᠰᠢᠬᠤ ᠪᠠᠨ ᠪᠣᠯᠢ᠃ ᠪᠠᠢᠵᠠ! ᠪᠢ ᠨᠢᠭᠡ ᠠᠶ᠎ᠠ ᠪᠠᠷᠢᠶ᠎ᠠ ᠭᠡᠳ《ᠮᠤᠨᠠ ᠬᠠᠨ ᠤ᠋ ᠣᠷᠣᠨ 》 ᠭᠡᠰᠡᠨ ᠳᠠᠭᠤᠤ ᠶ᠋ᠢ᠄
ᠮᠤᠨᠠ ᠬᠠᠨ ᠤ᠋ ᠣᠷᠣᠨ ᠳ᠋ᠤ᠌
ᠮᠣᠳᠣ ᠴᠡᠴᠡᠭ ᠵᠢᠮᠢᠰ ᠲᠡᠢ
ᠮᠤᠩᠳᠠᠯ ᠦᠭᠡᠢ ᠠᠬᠤᠢ ᠳ᠋ᠤ᠌
ᠮᠣᠩᠭᠣᠯ ᠪᠢᠳᠡ ᠵᠢᠷᠭᠠᠶ᠎ᠠ!
ᠠᠷᠢᠭᠤᠨ ᠰᠠᠢᠬᠠᠨ ᠤᠰᠤ ᠨᠢ
ᠠᠮᠲᠠ ᠴᠢᠳᠠᠯ ᠰᠢᠮ᠎ᠡ ᠲᠡᠢ
ᠠᠮᠢᠲᠠᠨ ᠤ᠋ ᠲᠡᠵᠢᠭᠡᠯ ᠨᠢ
ᠷᠠᠰᠢᠶᠠᠨ ᠤ᠋ ᠴᠢᠨᠠᠷ ᠲᠠᠢ᠁ ᠭᠡᠵᠦ ᠳᠠᠭᠤᠯᠠᠭᠰᠠᠨ ᠳ᠋ᠤ᠌ ᠨᠥᠭᠦᠭᠡ ᠬᠡᠳᠦᠭᠦᠯᠡ ᠵᠡᠷᠭᠡ ᠪᠡᠷ《ᠮᠠᠨᠴᠤ ᠠᠬ᠎ᠠ ᠰᠠᠢᠬᠠᠨ ᠳᠠᠭᠤᠯᠠᠯ᠎ᠠ》 ᠭᠡᠳ ᠡᠷᠭᠦᠨ ᠮᠠᠭᠲᠠᠵᠤ᠂ ᠥᠨᠥᠬᠢ ᠥᠨᠳᠥᠷ ᠰᠢᠭ ᠪᠡᠶ᠎ᠡ ᠲᠡᠢ ᠱᠣᠢᠱᠣᠭ ᠡᠮ᠎ᠡ ᠮᠠᠨᠴᠤᠷᠭ᠎ᠠ ᠳ᠋ᠤ᠌ ᠨᠠᠭᠠᠯᠳᠤᠨ ᠡᠪᠦᠷ ᠳᠡᠭᠡᠷ᠎ᠡ ᠨᠢ ᠡᠷᠬᠡᠯᠡᠨ ᠪᠥᠮᠪᠥᠷᠢᠬᠦ ᠳ᠋ᠦ᠍᠂ ᠮᠠᠨᠴᠤᠷᠭ᠎ᠠ ᠴᠤ᠌ ᠲᠡᠷᠡ ᠡᠮ᠎ᠡ ᠶ᠋ᠢᠨ ᠨᠠᠭᠠᠯᠢᠩᠬᠠᠢ ᠵᠠᠩ ᠳ᠋ᠤ᠌ ᠤᠶᠠᠰᠤᠨ ᠬᠠᠢᠯᠵᠤ ᠬᠥᠬᠥ ᠳᠠᠯᠠᠩ᠂ ᠭᠤᠶ᠎ᠠ ᠬᠠᠰᠠ ᠶ᠋ᠢ ᠨᠢ ᠭᠡᠳᠡᠭᠡᠯᠡᠨ ᠲᠡᠮᠲᠡᠷᠢᠭᠰᠡᠨ ᠳ᠋ᠦ᠍ ᠱᠣᠢᠱᠣᠭ ᠡᠮ᠎ᠡ ᠢᠷᠠᠭᠯᠠᠨ ᠵᠢᠷᠭᠠᠵᠤ᠂ ᠪᠡᠶ᠎ᠡ ᠨᠢ ᠨᠠᠢᠯᠵᠠᠭᠤᠷ ᠪᠤᠷᠭᠠᠰᠤ ᠰᠢᠭ᠋ ᠨᠠᠬᠢᠯᠵᠠᠨ ᠨᠤᠭᠤᠷᠠᠨ᠎ᠠ᠁
ᠠᠷᠢᠬᠢᠨ ᠤ᠋ ᠰᠢᠷᠡᠭᠡᠨ ᠳ᠋ᠦ᠍ ᠨᠣᠵᠣᠭᠣᠷᠠᠭᠰᠠᠨ ᠬᠠᠷ᠎ᠠ ᠨᠢᠳᠦᠲᠦ᠂ ᠮᠠᠨᠴᠤᠷᠭ᠎ᠠ ᠨᠠᠷ ᠠᠷᠠᠢ ᠬᠢᠵᠦ ᠮᠠᠭᠠᠵᠢ ᠶ᠋ᠢᠨ ᠴᠣᠬᠣᠷ ᠤ᠋ᠨ ᠱᠣᠣᠮᠠᠢ ᠲᠠᠭᠲᠤ ᠠ᠋ᠴᠠ ᠠᠶᠠᠷᠯᠠᠵᠤ ᠶᠠᠪᠤᠨ ᠭᠣᠣᠯ ᠵᠡᠭᠡᠯᠢ ᠶ᠋ᠢᠨ ᠪᠠᠷᠠᠭᠤᠨ ᠭᠤᠳᠤᠮᠵᠢᠨ ᠳ᠋ᠠᠬᠢ 《ᠤᠷᠠᠨ ᠬᠠᠵᠢᠨ ᠳᠡᠷᠡ》 ᠭᠡᠬᠦ ᠪᠠᠭᠤᠳᠠᠯ ᠳ᠋ᠤ᠌ ᠣᠴᠢᠵᠠᠭᠠᠪᠠ᠃ ᠡᠨᠡ ᠪᠠᠭᠤᠳᠠᠯ ᠳ᠋ᠤ᠌ ᠢᠯᠢᠵᠦ ᠨᠤᠬᠤᠯᠠᠬᠤ᠂ ᠰᠢ ᠳᠠᠭᠤᠯᠠᠬᠤ᠂ ᠨᠠᠯᠢᠭᠯᠠᠵᠤ ᠶᠠᠩᠬᠠᠯᠠᠬᠤ ᠵᠡᠷᠭᠡ ᠶᠠᠩᠵᠤ ᠪᠣᠯᠭᠠᠨ ᠤ᠋ ᠦᠢᠯᠡᠴᠢᠯᠡᠭᠡ ᠲᠡᠢ ᠮᠥᠷᠲᠡᠭᠡᠨ ᠦᠨ᠎ᠡ ᠳᠡᠰ ᠦ᠋ᠨ ᠢᠯᠭᠠᠭ᠎ᠠ ᠲᠠᠢ ᠭᠡᠳᠡᠭ᠃ ᠬᠥᠮᠦᠰ ᠦ᠋ᠨ ᠬᠡᠯᠡᠬᠦ ᠪᠡᠷ《ᠤᠷᠠᠨ ᠬᠠᠵᠢᠨ ᠳᠡᠷᠡ》 ᠪᠠᠭᠤᠳᠠᠯ ᠨᠢ ᠴᠢᠩ ᠦ᠋ᠨ ᠦᠶ᠎ᠡ ᠡᠴᠡ ᠨᠡᠷ᠎ᠡ ᠴᠤᠤ ᠭᠠᠷᠴᠤ᠂ ᠭᠠᠮᠢᠩ᠂ ᠬᠠᠷ᠎ᠠ ᠴᠡᠷᠢᠭ ᠦ᠋ᠨ ᠨᠣᠶᠠᠷᠬᠠᠯ ᠳ᠋ᠤ᠌ ᠴᠤ᠌ ᠣᠯᠵᠠ ᠰᠠᠢᠲᠠᠢ ᠪᠦᠷᠢᠨ ᠦᠢᠯᠡᠴᠢᠯᠡᠭᠡ ᠪᠡᠷ ᠢ᠋ᠶ᠋ᠡᠨ ᠴᠢᠯᠥᠭᠡᠲᠡᠢ ᠪᠠᠢᠵᠠᠢ᠃ ᠣᠳᠣ ᠬᠠᠷᠢᠨ ᠰᠢᠷ᠎ᠠ ᠴᠡᠷᠢᠭ ᠦ᠋ᠨ ᠡᠵᠡᠮᠳᠡᠯ ᠳ᠋ᠦ᠍ ᠣᠷᠣᠵᠤ᠂ ᠲᠡᠷᠡ ᠪᠣᠯᠭᠠᠨ ᠮᠥᠩᠭᠥ ᠲᠠᠢ ᠯᠠ ᠪᠣᠯ ᠳᠤᠷ᠎ᠠ ᠪᠠᠷ ᠣᠷᠣᠵᠤ ᠭᠠᠷᠴᠤ ᠪᠣᠯᠳᠠᠭ ᠦᠭᠡᠢ ᠬᠣᠷᠢᠭᠠᠲᠠᠢ ᠪᠣᠯᠵᠤ᠂ ᠭᠠᠭᠴᠠ ᠰᠢᠷ᠎ᠠ ᠴᠡᠷᠢᠭ ᠲᠦ᠍ ᠯᠡ ᠦᠢᠯᠡᠴᠢᠯᠡᠭᠡ ᠬᠢᠳᠡᠭ ᠪᠣᠯᠪᠠ᠃ ᠲᠡᠭᠡᠬᠦ ᠳ᠋ᠦ᠍ ᠬᠠᠷ᠎ᠠ ᠨᠢᠳᠦᠲᠦ ᠬᠠᠷᠢᠨ ᠰᠢᠷ᠎ᠠ ᠴᠡᠷᠢᠭ ᠦ᠋ᠨ ᠬᠠᠷᠠᠭᠤᠯ ᠮᠠᠨᠠᠭ᠎ᠠ ᠶ᠋ᠢ ᠣᠭᠲᠣ ᠬᠠᠢᠬᠤᠷᠬᠤ ᠦᠭᠡᠢ ᠮᠠᠨᠴᠤᠷᠭ᠎ᠠ ᠶ᠋ᠢ ᠳᠠᠭᠠᠭᠤᠯᠵᠤ᠂ ᠲᠡᠷᠡ ᠪᠠᠭᠤᠳᠠᠯ ᠳ᠋ᠤ᠌ ᠬᠥᠨᠳᠡᠯᠡᠨ ᠠᠯᠬᠤᠵᠤ ᠣᠷᠣᠭᠰᠠᠨ ᠢ᠋ ᠦᠵᠡᠭᠡᠳ ᠮᠠᠯ ᠭᠠᠢᠬᠠᠵᠠᠢ᠃
ᠰᠦᠮᠡᠭᠢ ᠤᠯᠠᠪᠤᠷ ᠭᠡᠷᠡᠯ ᠰᠡᠭᠦᠳᠡᠭᠡᠨᠡᠭᠰᠡᠨ ᠴᠠᠢᠪᠠᠭᠠᠷ ᠰᠡᠢᠮᠡᠬᠡᠢ ᠪᠦᠷᠬᠦᠪᠴᠢ ᠲᠡᠢ ᠪᠢᠴᠢᠬᠠᠨ ᠥᠷᠥᠭᠡᠨ ᠳ᠋ᠦ᠍ ᠮᠠᠨᠴᠤᠷᠭ᠎ᠠ ᠣᠷᠣᠵᠤ ᠣᠴᠢᠪᠠᠯ᠂ ᠥᠭᠡᠳᠡ ᠡᠴᠡ ᠡᠯᠳᠡᠪ ᠣ ᠡᠩᠭᠡᠰᠬᠡ᠂ ᠰᠠᠪᠤᠩ ᠲᠣᠰᠣ᠂ ᠦᠨᠦᠷᠲᠦ ᠤᠰᠤ ᠶ᠋ᠢᠨ ᠠᠯᠢ ᠨᠢ ᠢᠯᠭᠠᠭᠳᠠᠮ᠎ᠠ ᠦᠭᠡᠢ ᠦᠨᠦᠷ ᠬᠠᠩᠬᠤᠯᠵᠤ᠂ ᠲᠡᠭᠦᠨ ᠦ᠌ ᠪᠡᠶ᠎ᠡ ᠶ᠋ᠢᠨ ᠠᠯᠢ ᠨᠢᠭᠤᠴᠠ ᠳᠠᠯᠳᠠ ᠪᠠᠢᠭ᠎ᠠ ᠨᠣᠴᠣᠮᠠᠬᠠᠢ ᠡᠰ ᠢ᠋ ᠡᠷᠪᠡᠭᠡᠨᠡᠭᠦᠯᠬᠦ ᠮᠡᠲᠦ ᠬᠠᠴᠢᠨ ᠲᠥᠷᠥᠭᠳᠡᠯ ᠥᠭᠪᠡ᠃
ᠮᠠᠨᠴᠤᠷᠭ᠎ᠠ ᠰᠡᠮᠪᠡᠭᠡᠷ ᠵᠥᠭᠡᠯᠡᠨ ᠣᠷᠣᠨ ᠳᠡᠭᠡᠷ᠎ᠡ ᠬᠡᠪᠲᠡᠭᠡᠳ ᠬᠠᠷ᠎ᠠ ᠲᠠᠮᠠᠬᠢ ᠱᠠᠷᠴᠢᠭᠢᠨᠠᠭᠤᠯᠤᠨ ᠰᠣᠷᠣᠬᠤ ᠳ᠋ᠤ᠌ ᠡᠭᠦᠯᠡᠨ ᠳ᠋ᠦ᠍ ᠬᠥᠪᠦᠭᠰᠡᠨ ᠮᠡᠲᠦ ᠠᠶᠠᠲᠠᠢᠬᠠᠨ ᠰᠠᠨᠠᠭᠳᠠᠨ᠎ᠠ᠃《ᠠ᠂ ᠮᠥᠨ ᠵᠢᠷᠭᠠᠯ ᠶᠤᠮ ᠠ᠋!》 ᠭᠡᠵᠦ ᠨᠢᠳᠦ ᠪᠡᠨ ᠠᠨᠢᠬᠤ ᠳ᠋ᠤ᠌ ᠬᠠᠮᠢᠭ᠎ᠠ ᠬᠣᠯᠠ ᠴᠡᠩᠬᠡᠷ ᠡᠭᠦᠯᠡ ᠪᠤᠭᠤᠷᠤᠯ ᠮᠠᠨᠠᠨ ᠤ᠋ ᠴᠠᠭᠠᠨ᠎ᠠ ᠠ᠋ᠴᠠ ᠴᠡᠴᠡᠭ ᠬᠠᠲᠤᠨ《ᠰᠠᠷᠠᠨ ᠳᠠᠭᠢᠨᠢ》 ᠶ᠋ᠢᠨ ᠠᠭᠤᠵᠢᠭᠤ ᠬᠠᠨᠴᠤᠢᠲᠤ ᠡᠯᠪᠡᠭ ᠴᠠᠢᠪᠠᠭᠠᠷ ᠲᠡᠷᠯᠢᠭ ᠢ᠋ ᠬᠡᠳᠦᠷᠴᠦ ᠢᠨᠢᠶᠡᠪᠬᠢᠯᠡᠨ ᠠᠢᠰᠤᠢ᠃
— ᠮᠠᠨᠴᠤᠷᠭ᠎ᠠ ᠠᠪᠤᠭᠠᠢ ᠠ᠋! ᠭᠡᠬᠦ ᠨᠠᠮᠬᠠᠨ ᠨᠣᠮᠣᠢ ᠳᠠᠭᠤᠨ ᠳ᠋ᠤ᠌ ᠮᠠᠨᠴᠤᠷᠭ᠎ᠠ ᠨᠢᠳᠦ ᠪᠡᠨ ᠨᠡᠭᠡᠭᠡᠪᠡᠯ᠂ ᠲᠡᠭᠦᠨ ᠦ᠌ ᠳᠡᠷᠭᠡᠳᠡ ᠦᠨᠡᠬᠡᠷ ᠨᠢᠮᠭᠡᠨ ᠴᠠᠭᠠᠨ ᠨᠥᠮᠥᠷᠥᠪᠴᠢ ᠨᠥᠮᠥᠷᠦᠭᠰᠡᠨ ᠭᠣᠶᠣ ᠥᠬᠢᠨ ᠮᠢᠰᠢᠶᠡᠨ ᠵᠣᠭᠰᠣᠬᠤ ᠬᠠᠷᠠᠭᠳᠠᠪᠠ᠃
— ᠴᠡᠴᠡᠭ ᠠ᠋᠁ ᠭᠡᠵᠦ ᠮᠠᠨᠴᠤᠷᠭ᠎ᠠ ᠥᠨᠳᠡᠢᠭᠰᠡᠨ ᠳ᠋ᠦ᠍᠂ ᠲᠡᠷᠡ ᠥᠬᠢᠨ ᠦ᠌ ᠴᠠᠭᠠᠨ ᠨᠥᠮᠥᠷᠥᠪᠴᠢ ᠬᠤᠷᠴᠠ ᠨᠠᠷᠠᠨ ᠤ᠋ ᠢᠯᠴᠢᠨ ᠳ᠋ᠦ᠍ ᠬᠠᠢᠯᠤᠭᠰᠠᠨ ᠴᠠᠰᠤ ᠰᠢᠭ᠋ ᠮᠥᠷᠦᠨ ᠡᠴᠡ ᠨᠢ ᠳᠣᠷᠣᠭᠰᠢ ᠠᠶᠠᠷᠬᠠᠨ ᠰᠢᠪᠲᠤᠷᠠᠨ ᠤᠨᠠᠪᠠ᠃
ᠣᠷᠣᠢ ᠳᠡᠭᠡᠷ᠎ᠡ ᠪᠡᠨ ᠤᠯᠠᠭᠠᠨ ᠳᠤᠰᠤᠯ ᠲᠠᠢ ᠴᠠᠪ ᠴᠠᠭᠠᠨ ᠮᠠᠨᠲᠠᠤ ᠰᠢᠭ᠋ ᠬᠣᠶᠠᠷ ᠰᠠᠢᠬᠠᠨ ᠪᠣᠮᠪᠣᠭᠣᠷ ᠬᠥᠬᠥ᠂ ᠨᠠᠷᠢᠬᠠᠨ ᠭᠤᠪᠠᠢ ᠪᠡᠯᠬᠡᠭᠦᠰᠦ᠁ ᠶᠣᠰᠣᠲᠠᠢ ᠯᠠ ᠠᠷᠢᠯᠭᠠᠭᠰᠠᠨ ᠰᠣᠩᠭᠢᠨ᠎ᠠ ᠰᠢᠭ᠋ ᠬᠠᠷᠠᠭᠳᠠᠭᠰᠠᠨ ᠳ᠋ᠤ᠌ ᠮᠠᠨᠴᠤᠷᠭ᠎ᠠ ᠨᠢᠭᠡᠮᠦᠰᠦᠨ᠁
ᠮᠠᠨᠴᠤᠷᠭ᠎ᠠ ᠶ᠋ᠢᠨ ᠳᠣᠲᠣᠷ᠎ᠠ ᠭᠡᠨᠡᠳᠲᠡ ᠳᠤᠷ᠎ᠠ ᠪᠤᠯᠭᠢᠨ ᠣᠭᠰᠢᠭᠤᠯᠵᠤ ᠣᠢᠳ᠋᠂ ᠣᠢᠳ᠋ ᠬᠢᠨ ᠪᠤᠬ᠎ᠠ ᠰᠢᠭ᠋ ᠪᠦᠳᠦᠭᠦᠨ ᠪᠦᠳᠦᠭᠦᠨ ᠳᠠᠭᠤ ᠪᠠᠷ ᠬᠣᠭᠣᠯᠵᠠᠭᠤᠷ ᠢ᠋ᠶ᠋ᠠᠨ ᠬᠦᠴᠦᠲᠡᠢ ᠬᠤᠰᠤᠨ ᠪᠥᠭᠡᠯᠵᠢᠪᠡ᠃ ᠥᠨᠥᠬᠢ ᠶᠠᠭᠠᠨ ᠲᠣᠷᠭᠠᠨ ᠣᠷᠣ ᠳᠡᠪᠢᠰᠬᠡᠷ᠂ ᠤᠷᠠᠨ ᠬᠠᠵᠢᠨ ᠬᠠᠳᠬᠤᠮᠠᠯᠯᠠᠭᠰᠠᠨ ᠤᠯᠠᠭᠠᠨ ᠬᠣᠷᠭᠣᠢ ᠳᠡᠷᠡ ᠡᠨᠡ ᠲᠡᠷᠡ ᠳᠡᠭᠡᠷ᠎ᠡ ᠣᠪᠣᠭ᠎ᠠ ᠳᠣᠪᠣᠭᠠ ᠪᠥᠭᠡᠯᠵᠢᠵᠦ᠂ ᠤᠯᠠᠪᠤᠷ ᠭᠡᠷᠡᠯ ᠰᠡᠭᠦᠳᠡᠭᠡᠨᠡᠭᠰᠡᠨ ᠪᠢᠴᠢᠬᠠᠨ ᠥᠷᠥᠭᠡᠨ ᠳ᠋ᠦ᠍ ᠠᠷᠢᠬᠢ ᠱᠣᠣᠮᠠᠢ ᠶ᠋ᠢᠨ ᠬᠣᠯᠢᠯᠳᠤᠭᠰᠠᠨ ᠢᠰᠬᠦᠯᠡᠩ ᠦᠨᠦᠷ ᠢ᠋ᠶ᠋ᠡᠷ ᠳᠦᠭᠦᠷᠪᠡ᠃
ᠮᠠᠨᠴᠤᠷᠭ᠎ᠠ ᠶ᠋ᠢᠨ ᠳᠡᠷᠭᠡᠳᠡ ᠱᠠᠯᠳᠠᠩ ᠵᠣᠭᠰᠣᠭᠰᠠᠨ ᠱᠣᠢᠱᠣᠭ ᠡᠮ᠎ᠡ ᠮᠠᠨᠴᠤᠷᠭ᠎ᠠ ᠶ᠋ᠢᠨ ᠪᠤᠬ᠎ᠠ ᠰᠢᠭ᠋ ᠮᠥᠭᠡᠷᠡᠨ ᠣᠭᠰᠢᠭᠤᠯᠤᠭᠰᠠᠨ ᠠ᠋ᠴᠠ ᠠᠶᠤᠭᠰᠠᠨ ᠢ᠋ ᠬᠡᠯᠡᠬᠦ ᠤᠤ ᠪᠥᠭᠡᠯᠵᠢᠰᠦᠨ ᠡᠴᠡ ᠨᠢ ᠵᠢᠭᠰᠢᠭᠰᠡᠨ ᠢ᠋ ᠬᠡᠯᠡᠬᠦ ᠤᠤ ᠠᠮᠠ ᠬᠠᠮᠠᠷ ᠢ᠋ᠶ᠋ᠠᠨ ᠪᠥᠭᠯᠡᠨ ᠡᠭᠦᠳᠡᠨ ᠦ᠌ ᠪᠤᠯᠤᠩ ᠳ᠋ᠤ᠌ ᠳᠠᠭᠵᠢᠨ ᠵᠣᠭᠰᠣᠭᠰᠠᠨ ᠢ᠋ ᠮᠠᠨᠴᠤᠷᠭ᠎ᠠ ᠬᠠᠷᠠᠭᠠᠳ᠄
— ᠴᠡᠴᠡᠭ ᠠ᠋᠂ ᠨᠠᠭᠠᠰᠢ ᠪᠠᠨ ᠢᠷ᠎ᠡ ! ᠭᠡᠰᠡᠨ ᠳ᠋ᠦ᠍ ᠥᠨᠥᠬᠢ ᠡᠮ᠎ᠡ ᠨᠢ《ᠦᠭᠡᠢ᠂ ᠦᠭᠡᠢ ᠠ᠋》 ᠭᠡᠵᠦ ᠲᠣᠯᠣᠭᠠᠢ ᠪᠠᠨ ᠰᠡᠭᠰᠦᠷᠦᠨ᠎ᠡ᠃ ᠮᠠᠨᠴᠤᠷᠭ᠎ᠠ᠄
— ᠮᠠᠭᠤ ᠶᠠᠩᠬᠠᠨ! ᠭᠠᠷ! ᠭᠡᠵᠦ ᠵᠠᠩᠳᠤᠷᠤᠭᠰᠠᠨ ᠳ᠋ᠤ᠌ ᠱᠠᠯᠳᠠᠩ ᠱᠣᠢᠱᠣᠭ ᠡᠭᠦᠳᠡ ᠳᠠᠮᠵᠢᠨ ᠱᠠᠯᠳᠠᠩ ᠨᠢᠴᠦᠭᠦᠨ ᠢ᠋ᠶ᠋ᠡᠷ ᠭᠦᠶᠦᠨ ᠭᠠᠷᠪᠠ᠃
— ᠴᠢᠭᠢᠶᠡᠲᠦᠷᠦᠦ! ᠬᠠᠷ᠎ᠠ ᠨᠢᠳᠦᠲᠦ ᠠ᠋᠂ ᠡᠨᠡ ᠮᠠᠭᠤ ᠴᠢᠰᠤ᠂ ᠴᠢ ᠨᠠᠳᠠ ᠶᠠᠮᠠᠷ ᠠᠷᠢᠬᠢ ᠤᠤᠭᠤᠯᠭᠠᠪᠠ⁈ ᠡᠴᠢᠭᠡ ᠴᠢᠨᠢ ᠬᠡᠴᠢᠨᠡᠭᠡᠨ ᠵᠢᠯ ᠠᠷᠢᠬᠢ ᠳᠠᠷᠠᠰᠤ ᠡᠳ᠋ᠯᠡᠬᠦ ᠳ᠋ᠡᠭᠡᠨ ᠢᠩᠭᠢᠵᠦ ᠪᠥᠭᠡᠯᠵᠢᠬᠦ ᠶ᠋ᠢ ᠮᠡᠳᠡᠳᠡᠭ ᠦᠭᠡᠢ᠁ ᠶᠣ᠂ ᠶᠣᠬᠣ!《ᠴᠡᠴᠡᠭ ᠠ᠋᠂ ᠴᠢ ᠨᠠᠳᠠ ᠨᠢᠭᠡ ᠣᠭᠣᠴᠢ ᠶᠠᠭᠤᠮ᠎ᠠ ᠥᠭᠭᠦᠭᠡᠳᠡᠬᠡ᠂ ᠠᠮᠠ ᠬᠠᠲᠠᠵᠤ ᠦᠬᠦᠯ᠎ᠡ!》 ᠭᠡᠵᠦ ᠳᠡᠭᠡᠷ᠎ᠡ ᠳᠣᠣᠷ᠎ᠠ ᠪᠠᠷᠬᠢᠷᠠᠵᠤ ᠪᠠᠷᠬᠢᠷᠠᠵᠤ ᠴᠢᠮᠡᠭᠡ ᠠᠯᠳᠠᠷᠠᠨ ᠳᠤᠭᠵᠢᠷᠠᠪᠠ᠃
ᠬᠠᠷ᠎ᠠ ᠨᠢᠳᠦᠲᠦ ᠭᠠᠳᠠᠨ᠎ᠠ ᠠ᠋ᠴᠠ ᠮᠠᠨᠴᠤᠷᠭ᠎ᠠ ᠶ᠋ᠢᠨ ᠪᠠᠢᠳᠠᠯ ᠢ᠋ ᠭᠡᠲᠡᠨ ᠴᠢᠩᠨᠠᠬᠤ ᠳ᠋ᠠᠭᠠᠨ《ᠡᠨᠡ ᠭᠠᠢᠬᠠᠯ ᠠᠮᠢ ᠪᠥᠬᠡᠲᠡᠢ ᠵᠣᠯᠢᠭ ᠶᠤᠮ ᠠ᠋!ᠣᠳᠣ ᠪᠣᠯᠲᠠᠯ᠎ᠠ ᠭᠣᠣᠯ ᠨᠢ ᠲᠠᠰᠤᠷᠠᠳᠠᠭ ᠦᠭᠡᠢ ᠨᠢ》 ᠭᠡᠵᠦ ᠪᠣᠳᠣᠪᠠᠴᠤ ᠡᠷᠦᠬᠡ ᠳᠣᠲᠣᠷ᠎ᠠ ᠣᠷᠣᠬᠤ ᠠ᠋ᠴᠠ ᠤᠬᠠᠭᠠᠨ ᠦᠭᠡᠢ ᠠᠶᠤᠵᠤ ᠵᠣᠭᠰᠣᠨ᠎ᠠ᠃
ᠨᠢᠭᠡ ᠬᠡᠰᠡᠭ ᠤᠳᠠᠭᠠᠳ ᠥᠷᠥᠭᠡᠨ ᠳᠣᠲᠣᠷ᠎ᠠ ᠳᠠᠭᠤ ᠴᠢᠮᠡᠭᠡ ᠠᠯᠳᠠᠷᠠᠭᠰᠠᠨ ᠳ᠋ᠤ᠌ ᠬᠠᠷ᠎ᠠ ᠨᠢᠳᠦᠲᠦ《ᠦᠦᠷ ᠬᠠᠶᠠᠭᠠᠷᠠᠬᠤ ᠳ᠋ᠤ᠌ ᠦᠬᠦᠳᠡᠯ ᠢ᠋ ᠴᠢᠨᠢ ᠴᠢᠷᠬᠦ ᠬᠥᠮᠦᠨ ᠢᠷᠡᠬᠦ ᠪᠣᠢ ᠳᠠ!》ᠭᠡᠵᠦ ᠳᠦᠳᠦᠨᠡᠨ ᠲᠡᠨᠳᠡ ᠡᠴᠡ ᠱᠠᠯᠠᠪᠬᠠᠨ ᠵᠠᠢᠯᠠᠵᠤ᠂《ᠨᠠᠷᠠ ᠰᠤᠪᠤᠷᠠᠬᠤ ᠳ᠋ᠤ᠌ ᠮᠠᠭᠠᠵᠢ ᠶ᠋ᠢᠨ ᠴᠣᠬᠣᠷ ᠤ᠋ᠨ ᠱᠣᠣᠮᠠᠢ ᠶ᠋ᠢᠨ ᠲᠠᠭᠲᠤ ᠠ᠋ᠴᠠ ᠱᠠᠩ ᠢ᠋ᠶ᠋ᠠᠨ ᠠᠪᠤᠨ᠎ᠠ ᠳᠠ ᠬᠥᠶᠢ!》ᠭᠡᠵᠦ ᠱᠠᠯᠢᠭ ᠳᠠᠭᠤᠤ ᠶ᠋ᠢᠨ ᠠᠶ᠎ᠠ ᠶ᠋ᠢ ᠭᠢᠰᠬᠢᠭᠦᠷᠳᠡᠭᠰᠡᠭᠡᠷ ᠬᠠᠷᠠᠩᠭᠤᠢ ᠳ᠋ᠤ᠌ ᠳᠠᠯᠳᠠᠷᠠᠪᠠ᠃
ᠰᠥᠨᠢ ᠳᠦᠯᠢ ᠥᠩᠭᠡᠷᠡᠪᠡ᠃
ᠪᠤᠭᠤᠲᠤ ᠶ᠋ᠢᠨ ᠭᠣᠣᠯ ᠵᠡᠭᠡᠯᠢ ᠶ᠋ᠢᠨ ᠭᠤᠳᠤᠮᠵᠢᠨ ᠤ᠋ ᠴᠥᠭᠡᠪᠲᠦᠷ ᠬᠡᠳᠦᠨ ᠵᠠᠮ ᠤ᠋ᠨ ᠡᠯᠭᠦᠭᠦᠷ ᠳ᠋ᠧᠩ ᠴᠤ᠌ ᠤᠨᠲᠠᠷᠠᠵᠤ ᠲᠦᠰ ᠬᠠᠷᠠᠩᠭᠤᠢ ᠪᠣᠯᠵᠠᠢ᠃ ᠰᠥᠨᠢ ᠳᠦᠯᠢ ᠪᠣᠯᠲᠠᠯ᠎ᠠ ᠱᠤᠤᠭᠢᠯᠳᠤᠨ ᠨᠠᠷᠭᠢᠳᠠᠭ《ᠤᠷᠠᠨ ᠬᠠᠵᠢᠨ ᠳᠡᠷᠡ 》 ᠪᠠᠭᠤᠳᠠᠯ ᠴᠤ᠌ ᠬᠥᠭ ᠨᠢ ᠲᠠᠲᠠᠷᠠᠭᠰᠠᠨ ᠪᠣᠯᠤᠯᠲᠠᠢ᠃ ᠭᠠᠭᠴᠠ ᠬᠣᠶᠠᠷ ᠥᠷᠥᠭᠡᠨ ᠦ᠌ ᠰᠦᠮᠡᠭᠢ ᠭᠡᠷᠡᠯ ᠯᠡ ᠭᠡᠭᠡᠪᠴᠢ ᠪᠡᠷ ᠰᠡᠭᠦᠳᠡᠭᠡᠨᠡᠬᠦ ᠡᠴᠡ ᠴᠠᠭᠠᠰᠢ ᠠᠨᠢᠷ ᠴᠢᠮᠡᠭᠡ ᠠᠯᠠᠭ᠎ᠠ᠃
ᠢᠯᠢᠮ ᠵᠢᠯᠢᠮ ᠬᠠᠷᠠᠩᠭᠤᠢ ᠳ᠋ᠤ᠌ ᠪᠠᠷᠠᠭᠠᠨ ᠬᠤᠪᠴᠠᠰᠤ ᠲᠠᠢ᠂ ᠵᠢᠰᠦ ᠴᠢᠷᠠᠢ ᠨᠢ ᠲᠠᠨᠢᠭᠳᠠᠮᠠ ᠬᠡᠳᠦᠨ ᠬᠥᠮᠦᠨ ᠮᠠᠨᠴᠤᠷᠭ᠎ᠠ ᠶ᠋ᠢᠨ ᠪᠠᠭᠤᠭᠰᠠᠨ ᠥᠷᠥᠭᠡᠨ ᠦ᠌ ᠴᠣᠩᠬᠣᠨ ᠳᠣᠣᠷ᠎ᠠ ᠣᠴᠢᠵᠤ ᠪᠥᠭᠡᠮᠨᠡᠷᠡᠯᠳᠦᠨᠡ᠁
ᠡᠨᠡ ᠬᠡᠳᠦᠨ ᠪᠠᠷᠠᠭᠠᠨ ᠬᠤᠪᠴᠠᠰᠤᠲᠠᠨ ᠤ᠋ ᠨᠢᠭᠡ ᠨᠢ ᠥᠯᠵᠡᠢᠰᠠᠩ ᠪᠠᠢᠯ᠎ᠠ᠃ ᠥᠯᠵᠡᠢᠰᠠᠩ᠂ ᠮᠠᠨᠴᠤᠷᠭ᠎ᠠ ᠶ᠋ᠢᠨ ᠦᠬᠦᠭᠰᠡᠨ ᠵᠣᠪᠠᠯᠭ᠎ᠠ ᠶ᠋ᠢ ᠨᠢᠳᠦ ᠪᠡᠷ ᠢ᠋ᠶ᠋ᠡᠨ ᠬᠠᠷᠠᠵᠤ ᠲᠠᠪᠠ ᠨᠢ ᠬᠠᠩᠬᠤ ᠶᠤᠮᠰᠠᠨ ᠭᠡᠵᠦ ᠵᠡᠭᠡᠯᠢ ᠶ᠋ᠢᠨ ᠬᠡᠳᠦᠨ ᠦᠯᠦ ᠲᠠᠨᠢᠬᠤ ᠵᠣᠯᠪᠢᠩ ᠡᠷ᠎ᠡ ᠶ᠋ᠢ ᠬᠥᠯᠥᠰᠥᠯᠡᠵᠦ᠂ ᠭᠡᠭᠡᠷᠡᠬᠦ ᠡᠴᠡ ᠡᠮᠦᠨ᠎ᠡ ᠵᠠᠪᠳᠤᠵᠤ ᠮᠠᠨᠴᠤᠷᠭ᠎ᠠ ᠶ᠋ᠢᠨ ᠦᠬᠦᠳᠡᠯ ᠢ᠋ ᠤᠯᠠᠭᠠᠨ ᠬᠠᠲᠤᠨ ᠳ᠋ᠤ᠌ ᠠᠪᠠᠴᠢᠵᠤ ᠬᠠᠶᠠᠬᠤ ᠪᠠᠷ ᠬᠠᠷᠠᠩᠭᠤᠢ ᠳ᠋ᠤ᠌ ᠱᠠᠯᠠᠪᠳᠠᠵᠤ ᠶᠠᠪᠤᠭ᠎ᠠ ᠨᠢ ᠡᠨᠡ!
ᠭᠡᠷ ᠳᠣᠲᠣᠷ᠎ᠠ ᠠ᠋ᠴᠠ ᠮᠠᠨᠴᠤᠷᠭ᠎ᠠ ᠶ᠋ᠢᠨ ᠬᠤᠷᠬᠢᠷᠠᠬᠤ ᠳᠠᠭᠤᠨ ᠴᠣᠩᠬᠣᠨ ᠤ᠋ ᠬᠣᠪᠬᠣᠷᠠᠭᠰᠠᠨ ᠮᠣᠣᠲᠤᠤ ᠴᠠᠭᠠᠰᠤ ᠶ᠋ᠢ ᠱᠠᠷᠴᠢᠭᠢᠨᠠᠭᠤᠯᠤᠨᠠ᠃
— ᠬᠥᠶᠢ᠂ ᠡᠨᠡ ᠭᠠᠢᠬᠠᠯ ᠴᠢᠨᠢ ᠦᠬᠦᠭᠡ ᠦᠭᠡᠢ ᠪᠠᠢᠨ᠎ᠠ ᠰᠢᠲᠠ! ᠭᠡᠵᠦ ᠨᠢᠭᠡ ᠨᠢ ᠬᠡᠯᠡᠭᠰᠡᠨ ᠳ᠋ᠦ᠍᠂
— ᠮᠠᠭᠤ ᠬᠠᠷ᠎ᠠ ᠨᠢᠳᠦᠲᠦ ᠴᠢ ᠶᠣᠰᠣᠲᠠᠢ ᠣᠯᠢᠭ ᠢ᠋ᠶ᠋ᠠᠨ ᠪᠠᠷᠠᠭᠰᠠᠨ ᠠᠮᠢᠲᠠᠨ!ᠬᠡᠵᠢᠶᠡᠳᠡ ᠪᠡᠨ ᠪᠤᠬᠤᠷ ᠲᠠᠭᠠᠨ ᠪᠠᠭᠠᠰᠤ ᠲᠠᠢ ᠠᠵᠢ ᠭᠡᠬᠦ ᠶᠦ᠍ᠮ! ᠭᠡᠵᠦ ᠥᠯᠵᠡᠢᠰᠠᠩ ᠬᠠᠷ᠎ᠠ ᠨᠢᠳᠦᠲᠦ ᠳ᠋ᠦ᠍ ᠬᠠᠷᠢᠶᠠᠯ ᠲᠠᠯᠪᠢᠨ ᠬᠠᠵᠠᠭᠤ ᠳ᠋ᠠᠬᠢ ᠨᠢᠭᠡ ᠳ᠋ᠡᠭᠡᠨ ᠠᠬᠤᠷ ᠫᠤᠤ ᠪᠠᠨ ᠥᠭᠴᠦ《ᠴᠢ ᠡᠨᠡ ᠭᠡᠷ ᠲᠦ᠍ ᠰᠡᠮᠡᠭᠡᠷᠬᠡᠨ ᠣᠷᠣᠵᠤ᠂ ᠡᠨᠡ ᠬᠤᠷᠬᠢᠷᠠᠭᠰᠠᠨ ᠡᠷ᠎ᠡ ᠶ᠋ᠢ ᠨᠢᠭᠡ ᠯᠡ ᠰᠤᠮᠤ ᠪᠠᠷ ᠴᠠᠭᠠᠰᠢ ᠨᠢ ᠬᠠᠨᠳᠤᠭᠤᠯᠴᠢᠬᠠ! 》 ᠭᠡᠵᠦ ᠵᠠᠬᠢᠭᠰᠠᠨ ᠳ᠋ᠤ᠌ ᠨᠥᠭᠥᠭᠡᠳᠡᠬᠢ ᠠᠯᠠᠭᠤᠷᠴᠢᠨ ᠡᠷ᠎ᠡ《ᠵᠠ! 》 ᠭᠡᠵᠦ ᠪᠢᠲᠡᠭᠦᠬᠡᠨ ᠳᠤᠤᠭᠠᠷᠪᠠ᠃
— ᠬᠡᠷᠰᠡᠦᠬᠡᠨ! ᠮᠠᠢ! ᠭᠡᠳ ᠥᠯᠵᠡᠢᠰᠠᠩ ᠲᠡᠭᠦᠨ ᠳ᠋ᠦ᠍ ᠬᠣᠷᠢᠨ ᠮᠥᠩᠭᠥᠨ ᠵᠣᠭᠣᠰ ᠭᠠᠷᠳᠠᠭᠤᠯᠤᠭᠰᠠᠨ ᠳ᠋ᠤ᠌ ᠲᠡᠷᠡ ᠤᠯᠠᠮ ᠵᠢᠷᠦᠬᠡ ᠪᠦᠳᠦᠭᠦᠷᠡᠵᠦ᠄
— ᠰᠠᠨᠠᠭ᠎ᠠ ᠠᠮᠤᠷ ᠪᠠᠢ! ᠭᠡᠳ ᠮᠥᠩᠭᠥᠨ ᠵᠣᠭᠣᠰ ᠢ᠋ ᠳᠡᠭᠡᠭᠰᠢ ᠰᠢᠳᠡᠭᠰᠡᠨ ᠢ᠋ᠶ᠋ᠡᠨ ᠲᠣᠰᠴᠤ ᠠᠪᠤᠭᠠᠳ ᠡᠪᠦᠷᠲᠦᠯᠡᠪᠡ᠃
ᠥᠯᠵᠡᠢᠰᠠᠩ ᠨᠥᠭᠦᠭᠡ ᠬᠡᠳᠦᠭᠦᠯᠡ ᠶ᠋ᠢ ᠳᠣᠬᠢᠵᠤ ᠲᠡᠨᠳᠡ ᠡᠴᠡ ᠪᠤᠰᠢᠭᠤᠬᠠᠨ ᠵᠠᠢᠯᠠᠵᠤ ᠶᠠᠪᠤᠪᠠ᠃
ᠲᠡᠷᠡ ᠠᠯᠠᠭᠤᠷᠴᠢᠨ ᠡᠷ᠎ᠡ ᠴᠣᠩᠬᠣᠨ ᠤ᠋ ᠮᠣᠣᠲᠤᠤ ᠴᠠᠭᠠᠰᠤ ᠶ᠋ᠢ ᠬᠡᠯᠡ ᠪᠡᠷ ᠢ᠋ᠶ᠋ᠡᠨ ᠥᠴᠦᠬᠡᠨ ᠨᠤᠷᠠᠭᠠᠵᠤ ᠨᠦᠬᠡ ᠭᠠᠷᠭᠠᠭᠠᠳ ᠳᠣᠲᠣᠭᠰᠢ ᠪᠠᠨ ᠱᠠᠭᠠᠢᠭᠰᠠᠨ ᠳ᠋ᠤ᠌ ᠴᠡᠭᠡᠵᠢᠨ ᠳ᠋ᠦ᠍ ᠪᠡᠨ ᠪᠢᠲᠡᠭᠦᠦ ᠬᠠᠷ᠎ᠠ ᠦᠰᠦ ᠲᠡᠢ ᠨᠢᠴᠦᠭᠦᠨ ᠪᠦᠳᠦᠭᠦᠨ ᠬᠠᠷ᠎ᠠ ᠡᠷ᠎ᠡ ᠨᠢᠳᠦ ᠨᠢ ᠪᠦᠯᠲᠡᠢᠬᠦ ᠮᠥᠷᠲᠡᠭᠡᠨ ᠬᠤᠷ ᠬᠠᠷ ᠬᠢᠨ ᠬᠤᠷᠬᠢᠷᠠᠬᠤ ᠳ᠋ᠠᠭᠠᠨ ᠫᠥᠥᠳ᠋ ᠬᠢᠨ ᠦᠯᠢᠶᠡᠬᠦ ᠶ᠋ᠢ ᠬᠠᠷᠠᠭᠠᠳ ᠥᠨᠥᠬᠢ ᠠᠯᠠᠭᠤᠷᠴᠢᠨ ᠡᠷ᠎ᠡ ᠡᠷᠬᠡ ᠦᠭᠡᠢ ᠠᠢᠳᠠᠰ ᠬᠦᠷᠪᠡ᠃ ᠪᠦᠯᠲᠡᠢᠭᠰᠡᠨ ᠲᠣᠮᠣ ᠨᠢᠳᠦ ᠨᠢ ᠶᠠᠭ ᠯᠠ ᠲᠡᠭᠦᠨ ᠢ᠋ ᠬᠠᠷᠠᠵᠤ ᠦᠵᠡᠴᠢᠬᠡᠭᠡᠳ《ᠴᠢ ᠦᠨᠡᠬᠡᠷ ᠰᠠᠢᠨ ᠡᠷ᠎ᠡ ᠪᠣᠯ ᠨᠠᠭᠠᠰᠢ ᠪᠠᠨ ᠫᠤᠤᠳᠠ! ᠡᠰᠡ ᠲᠡᠢᠮᠦ ᠪᠣᠯ᠁》ᠭᠡᠵᠦ ᠬᠡᠯᠡᠬᠦ ᠰᠢᠭ ᠰᠠᠨᠠᠭᠳᠠᠭᠰᠠᠨ ᠳ᠋ᠤ᠌ ᠲᠡᠷᠡ ᠠᠯᠠᠭᠤᠷᠴᠢᠨ ᠡᠷ᠎ᠡ ᠶ᠋ᠢᠨ ᠵᠢᠷᠦᠬᠡ ᠨᠢ ᠳᠠᠭᠵᠢᠵᠤ ᠭᠠᠷ ᠳᠠᠬᠢ ᠠᠬᠤᠷ ᠫᠤᠤ ᠪᠠᠨ ᠭᠠᠵᠠᠷ ᠠᠯᠳᠠᠪᠠ᠃
ᠭᠠᠳᠠᠨ᠎ᠠ ᠴᠣᠩᠬᠣᠨ ᠤ᠋ ᠶᠡᠨᠳᠡᠷ ᠲᠦ᠍ ᠲᠦᠱ ᠭᠡᠵᠦ ᠲᠡᠮᠦᠷ ᠤᠨᠠᠭᠰᠠᠨ ᠳᠠᠭᠤᠨ ᠢ᠋ᠶ᠋ᠠᠷ ᠮᠠᠨᠴᠤᠷᠭ᠎ᠠ ᠰᠣᠴᠢᠨ ᠰᠡᠷᠡᠵᠦ ᠳᠠᠪ ᠬᠢᠨ ᠦᠰᠦᠷᠦᠨ ᠪᠣᠰᠤᠭᠠᠳ᠄
— ᠬᠡᠨ ᠪᠣᠢ? ᠶᠠᠭᠤᠨ ᠤ᠋ ᠬᠥᠮᠦᠨ ᠪᠣᠢ? ᠭᠡᠵᠦ ᠭᠡᠷ ᠳᠣᠷᠭᠢᠲᠠᠯ᠎ᠠ ᠬᠠᠰᠬᠢᠷᠤᠭᠰᠠᠨ ᠳ᠋ᠤ᠌ ᠴᠣᠩᠬᠣᠨ ᠤ᠋ ᠭᠠᠳᠠᠨᠠᠬᠢ ᠠᠯᠠᠭᠤᠷᠴᠢᠨ ᠡᠷ᠎ᠡ ᠠᠶᠤᠨ ᠪᠠᠯᠠᠳᠠᠬᠤ ᠳ᠋ᠠᠭᠠᠨ ᠥᠮᠥᠳᠥᠨ ᠳ᠋ᠡᠭᠡᠨ ᠰᠢᠭᠡᠰᠦ ᠠᠯᠳᠠᠵᠤ ᠭᠣᠳ ᠳᠤᠲᠠᠭᠠᠪᠠ᠃
ᠭᠠᠳᠠᠨ᠎ᠠ ᠲᠦᠰ ᠲᠦᠰ ᠬᠢᠨ ᠴᠠᠭᠠᠰᠢ ᠭᠦᠶᠦᠭᠰᠡᠨ ᠬᠥᠮᠦᠨ ᠦ᠌ ᠬᠥᠯ ᠦ᠋ᠨ ᠴᠢᠮᠡᠭᠡ ᠪᠡᠷ ᠮᠠᠨᠴᠤᠷᠭ᠎ᠠ ᠡᠭᠦᠳᠡ ᠵᠠᠪᠰᠠᠷᠯᠠᠨ《ᠶᠠᠭᠤᠨ ᠤ᠋ ᠬᠥᠮᠦᠨ ᠪᠣᠢ?》 ᠭᠡᠵᠦ ᠬᠠᠷᠠᠪᠠᠯ ᠭᠠᠳᠠᠨ᠎ᠠ ᠫᠠᠳ ᠬᠠᠷᠠᠩᠭᠤᠢ ᠶᠠᠭᠤ ᠴᠤ᠌ ᠦᠵᠡᠭᠳᠡᠬᠦ ᠦᠭᠡᠢ ᠪᠠᠢᠯ᠎ᠠ᠃
— ᠦᠭᠡᠢ᠂ ᠪᠢ ᠴᠢᠨᠢ ᠬᠠᠮᠢᠭ᠎ᠠ ᠶᠠᠮᠠᠷ ᠭᠠᠵᠠᠷ ᠢᠷᠡᠭᠡᠳ ᠤᠨᠲᠠᠴᠢᠬᠠᠭᠰᠠᠨ ᠪᠣᠢ? ᠭᠡᠵᠦ ᠪᠡᠶ᠎ᠡ ᠡᠴᠡ ᠪᠡᠨ ᠠᠰᠠᠭᠤᠭᠰᠠᠨ ᠴᠤ᠌ ᠬᠠᠷᠢᠭᠤᠯᠲᠠ ᠣᠯᠤᠭᠰᠠᠨ ᠦᠭᠡᠢ᠃ 《ᠶᠠᠪᠤᠵᠤ ᠭᠣᠣᠯ ᠢ᠋ᠶ᠋ᠠᠨ ᠨᠣᠷᠭᠠᠬᠤ ᠪᠠᠷ ᠨᠢᠭᠡ ᠣᠭᠣᠴᠢ ᠶᠠᠭᠤᠮ᠎ᠠ ᠣᠯᠵᠤ ᠤᠤᠭᠤᠶ᠎ᠠ! ᠭᠣᠣᠯ ᠬᠠᠲᠠᠵᠤ ᠦᠬᠦᠯ᠎ᠡ! 》 ᠭᠡᠵᠦ ᠳᠦᠳᠦᠨᠡᠭᠰᠡᠭᠡᠷ ᠲᠡᠨᠳᠡ ᠡᠴᠡ ᠭᠠᠷᠪᠠ᠃
ᠦᠰᠦᠭ ᠠᠮᠢᠯᠠᠭᠤᠯᠤᠭᠰᠠᠨ ᠨᠢ᠄ ᠴᠣᠯᠮᠣᠨᠲᠤᠶᠠᠭ᠎ᠠ
