ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠨᠢᠭᠡᠳᠦᠭᠡᠷ ᠪᠦᠯᠦᠭ <ᠶᠢᠰᠦ> Хан мунын сүүрс < доорд > – Мөнх зохиоов ᠂ Гутгаар бодь – Нэгдүгээр бүлэг <9> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠨᠢᠭᠡᠳᠦᠭᠡᠷ ᠪᠦᠯᠦᠭ <ᠶᠢᠰᠦ> Хан мунын сүүрс < доорд > – Мөнх зохиоов ᠂ Гутгаар бодь – Нэгдүгээр бүлэг <9>

ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠨᠢᠭᠡᠳᠦᠭᠡᠷ ᠪᠦᠯᠦᠭ <ᠶᠢᠰᠦ> Хан мунын сүүрс < доорд > – Мөнх зохиоов ᠂ Гутгаар бодь – Нэгдүгээр бүлэг <9>

ᠠᠩᠭᠢᠯᠠᠯ:ᠲᠤᠭᠤᠵᠢ ᠷᠣᠮᠠᠨ
2024-12-10

321

ᠭᠤᠲᠠᠭᠠᠷ ᠪᠣᠲᠢ – ᠨᠢᠭᠡᠳᠦᠭᠡᠷ ᠪᠦᠯᠦᠭ <ᠶᠢᠰᠦ>


              ᠶᠢᠰᠦ 

       — ᠲᠤᠰᠠᠯᠠᠭᠴᠢ ᠭᠤᠸᠠᠢ ᠠ᠋! ᠥᠯᠵᠡᠢᠰᠠᠩ ᠢ᠋ ᠪᠠᠷᠠᠭᠤᠨ ᠬᠦᠩ ᠦ᠋ᠨ ᠬᠤᠰᠢᠭᠤᠨ ᠤ᠋ ᠴᠡᠷᠢᠭ ᠵᠠᠬᠢᠷᠬᠤ ᠪᠠᠷᠠᠭᠤᠨ ᠭᠠᠷ ᠤ᠋ᠨ ᠲᠤᠸᠠᠨᠵᠠᠩ ᠪᠣᠯᠭᠠᠴᠢᠬᠠᠪᠠᠯ ᠶᠠᠮᠠᠷ ᠪᠣᠢ? 
       — ᠥᠯᠵᠡᠢᠰᠡᠩ⁈
       — ᠲᠡᠢᠮᠦ ! ᠥᠯᠵᠡᠢᠰᠡᠩ ! 
       — ᠪᠣᠯᠤᠯ ᠦᠭᠡᠢ! ᠪᠠᠷᠠᠭᠤᠨ ᠬᠦᠩ ᠦ᠋ᠨ ᠪᠦᠬᠦ ᠮᠠᠲᠠᠯ ᠲᠠᠨ ᠤ᠋ ᠭᠠᠷ ᠲᠤ ᠡᠷᠭᠢᠵᠦ ᠪᠠᠢᠬᠤ ᠶᠤᠮ ᠴᠢᠨᠢ ᠬᠡᠯᠡᠪᠡᠯ ᠲᠠᠨ ᠤ᠋ ᠳᠤᠷ᠎ᠠ᠂ ᠬᠡᠢᠰᠬᠡᠪᠡᠯ ᠲᠩᠷᠢ ᠶ᠋ᠢᠨ ᠳᠤᠷ᠎ᠠ ᠪᠢᠰᠢ ᠤᠤ! 
       — ᠬᠠᠮᠢᠭ᠎ᠠ ᠠ᠋ᠴᠠ ᠳᠠ⁈ 
       — ᠴᠡᠷᠢᠭ ᠦ᠋ᠨ ᠲᠤᠸᠠᠨᠵᠠᠩ ᠥᠭᠬᠦ ᠶ᠋ᠢ ᠪᠠᠢᠭ᠂ ᠮᠢᠨᠦ ᠲᠤᠰᠠᠯᠠᠭᠴᠢ ᠶ᠋ᠢᠨ ᠵᠢᠩᠰᠡ ᠶ᠋ᠢ ᠬᠤᠰᠤᠵᠤ ᠥᠯᠵᠡᠢᠰᠡᠩ ᠳ᠋ᠦ᠍ ᠵᠡᠭᠦᠯᠭᠡᠴᠢᠬᠡᠬᠦ ᠳ᠋ᠦ᠍ ᠬᠡᠨ ᠪᠠᠢᠭ ᠭᠡᠵᠦ ᠬᠡᠯᠡᠬᠦ ᠪᠣᠢ? ᠭᠡᠵᠦ ᠡᠯᠳᠡᠩᠭᠡ ᠲᠤᠰᠠᠯᠠᠭᠴᠢ ᠥᠯᠵᠡᠢᠰᠡᠩ ᠢ᠋ ᠪᠠᠰᠤᠩᠭᠤᠢ ᠶᠠᠷᠢᠬᠤ ᠳ᠋ᠤ᠌ ᠠᠭᠸᠠᠩ ᠨᠣᠶᠠᠨ ᠰᠠᠨᠳᠤᠷᠴᠤ᠄ 
       — ᠲᠡᠭᠡᠵᠦ ᠶᠠᠭᠠᠬᠢᠵᠤ ᠪᠣᠯᠤᠨ᠎ᠠ ᠪᠣᠢ! ᠪᠢ ᠲᠤᠰᠠᠯᠠᠭᠴᠢ ᠨᠣᠶᠠᠨ ᠲᠠᠢ ᠵᠥᠪᠳᠡᠵᠦ ᠪᠠᠢᠨ᠎ᠠ ᠰᠢᠳᠡ! ᠭᠡᠵᠦ ᠬᠠᠭ ᠬᠠᠭ ᠢᠨᠢᠶᠡᠨ ᠬᠡᠯᠡᠪᠡ᠃ 
       — ᠲᠠᠨ ᠤ᠋ ᠦᠵᠡᠬᠦ ᠪᠡᠷ ᠥᠯᠵᠡᠢᠰᠡᠩ ᠦ᠋ᠨ ᠲᠡᠷᠡ ᠢᠷᠣ᠎ᠠ ᠶ᠋ᠢᠨ ᠰᠢᠨᠵᠢ ᠪᠡᠷ ᠬᠣᠰᠢᠭᠤ ᠶᠠᠮᠤᠨ ᠤ᠋ ᠴᠡᠷᠢᠭ ᠵᠡᠪᠰᠡᠭ ᠢ᠋ ᠵᠠᠬᠢᠷᠴᠤ ᠳᠡᠢᠯᠦᠨ᠎ᠡ ᠤᠤ? 
       — ᠲᠡᠭᠡᠪᠡᠯ ᠲᠤᠰᠠᠯᠠᠭᠴᠢ ᠭᠤᠸᠠᠢ ᠲᠠᠨ ᠤ᠋ ᠦᠵᠡᠬᠦ ᠪᠡᠷ ᠬᠡᠨ ᠢ᠋ ᠪᠠᠷᠠᠭᠤᠨ ᠭᠠᠷ ᠤ᠋ᠨ ᠲᠤᠸᠠᠨᠵᠠᠩ ᠲᠠᠯᠪᠢᠪᠠᠯ ᠳᠡᠭᠡᠷ᠎ᠡ ᠪᠣᠢ? ᠲᠠ ᠴᠢᠨᠢ ᠪᠠᠷᠠᠭᠤᠨ ᠬᠦᠩ ᠦ᠋ᠨ ᠶᠠᠮᠤᠨ ᠳ᠋ᠤ᠌ ᠤᠳᠠᠭᠠᠨ ᠵᠢᠯ ᠠᠯᠪᠠ ᠬᠠᠭᠠᠭᠰᠠᠨ ᠬᠥᠮᠦᠨ᠂ ᠬᠡᠨ ᠬᠡᠨ ᠨᠢ ᠶᠠᠮᠠᠷ ᠭᠡᠳᠡᠭ ᠢ᠋ ᠠᠯᠠᠭᠠᠨ ᠤ᠋ ᠪᠠᠨ ᠵᠢᠷᠤᠭᠠᠰᠤ ᠰᠢᠭ᠋ ᠲᠣᠳᠣᠬᠠᠨ ᠮᠡᠳᠡᠬᠦ ᠪᠠᠢᠯᠭᠦᠢ!  
       — ᠲᠡᠷᠡ ᠴᠦ᠍ ᠶᠠᠷᠢᠶᠠᠨ ᠦᠭᠡᠢ᠃ ᠶᠠᠭᠤ ᠴᠦ᠍ ᠭᠡᠰᠡᠨ ᠪᠠᠷᠠᠭᠤᠨ ᠭᠠᠷ ᠤ᠋ᠨ ᠲᠤᠸᠠᠨᠵᠠᠩ ᠰᠢᠯᠢᠬᠦ ᠳ᠋ᠦ᠍ ᠵᠡᠭᠦᠨ ᠭᠠᠷ ᠤ᠋ᠨ ᠸᠴᠢᠷᠪᠠᠲᠤ ᠲᠤᠸᠠᠨᠵᠠᠩ ᠲᠠᠢ ᠬᠠᠪᠢᠯᠳᠤᠭᠤ ᠬᠥᠮᠦᠨ ᠢ᠋ ᠰᠢᠯᠢᠬᠦ ᠦᠭᠡᠢ ᠪᠣᠯ ᠶᠠᠭᠠᠬᠢᠵᠤ ᠪᠣᠯᠤᠨ᠎ᠠ ᠪᠣᠢ⁈ 
       — ᠲᠡᠷᠡ ᠴᠦ᠍ ᠶᠠᠭᠠᠬᠢᠬᠤ ᠪᠣᠢ ᠳᠠ! ᠥᠯᠵᠡᠢᠰᠡᠩ ᠴᠦ᠍ ᠬᠠᠩᠭᠢ ᠲᠠᠷᠢᠬᠢ ᠬᠥᠩᠭᠡᠨ ᠬᠥᠮᠦᠨ ᠡᠷ᠎ᠡ ᠰᠢᠦ! 
       — ᠥᠯᠵᠡᠢᠰᠡᠩ ᠤᠤ? ᠸᠴᠢᠷᠪᠠᠲᠤ ᠶ᠋ᠢᠨ ᠪᠣᠷᠪᠢᠨ ᠤ᠋ ᠬᠢᠨᠢ ᠲᠣᠭᠣᠰᠣᠨ ᠳ᠋ᠤ᠌ ᠬᠠᠬᠠᠵᠤ ᠦᠬᠦᠬᠦ ᠬᠥᠮᠦᠨ ᠭᠡᠪᠡᠯ ᠲᠡᠷᠡ ᠦᠨᠡᠨ ᠪᠠᠢᠬ᠎ᠠ! 
       — ᠬᠡᠩ! ᠲᠤᠰᠠᠯᠠᠭᠴᠢ ᠭᠤᠸᠠᠢ ᠥᠯᠵᠡᠢᠰᠡᠩ ᠢ᠋ ᠱᠠᠯ ᠵᠢᠭᠰᠢᠳᠡᠭ ᠢ᠋ ᠪᠢ ᠣᠢᠯᠠᠭᠠᠨ᠎ᠠ᠃ ᠲᠠᠨ ᠤ᠋ ᠶᠡᠬᠡ ᠠᠭᠡ ᠮᠠᠨᠴᠤᠷᠭ᠎ᠠ ᠪᠣᠯᠤᠨ ᠰᠢᠷᠠᠪᠳᠣᠷᠵᠢ ᠬᠦᠩ ᠨᠣᠶᠠᠨ ᠤ᠋ ᠴᠡᠴᠡᠭ ᠬᠠᠲᠤᠨ ᠤ᠋ ᠤᠴᠢᠷ ᠢ᠋ ᠪᠢ ᠨᠠᠷᠢᠨ ᠰᠣᠨᠣᠰᠤᠭᠰᠠᠨ᠃ 
       — ᠶᠠᠭ ᠳᠠ! ᠮᠥᠨ ᠡᠨᠡ ᠥᠯᠵᠡᠢᠰᠡᠩ ᠦ᠋ᠨ ᠮᠠᠭᠤ ᠢᠷᠣ᠎ᠠ ᠪᠠᠷ ᠪᠦᠬᠦ ᠶᠠᠭᠤᠮ᠎ᠠ ᠪᠤᠷᠤᠭᠤ ᠪᠠᠷ ᠡᠷᠭᠢᠵᠦ ᠮᠠᠨ ᠤ᠋ ᠪᠠᠷᠠᠭᠤᠨ ᠬᠦᠩ ᠦ᠋ᠨ ᠬᠢᠨ ᠳᠣᠲᠣᠷ᠎ᠠ ᠵᠠᠭᠤᠷ᠎ᠠ ᠪᠠᠨ ᠡᠪᠳᠡᠷᠡᠯᠴᠡᠭᠰᠡᠨ᠃ ᠠᠭᠸᠠᠩ ᠨᠣᠶᠠᠨ ᠲᠠ ᠥᠯᠵᠡᠢᠰᠡᠩ ᠢ᠋ ᠢᠩᠭᠢᠵᠦ ᠬᠦᠨᠳᠦ ᠪᠡᠷ ᠬᠡᠷᠡᠭᠯᠡᠪᠡᠯ ᠵᠠᠰᠠᠭ ᠬᠦᠩ ᠦ᠋ᠨ ᠳᠣᠲᠣᠷ᠎ᠠ ᠪᠠᠰᠠ ᠯᠠ ᠭᠤᠨᠢᠭᠲᠤ ᠵᠦᠴᠦᠭᠡ ᠲᠣᠭᠯᠠᠨ᠎ᠠ ᠭᠡᠰᠡᠨ ᠬᠡᠷᠡᠭ᠃ 
       — ᠲᠤᠰᠠᠯᠠᠭᠴᠢ ᠭᠤᠸᠠᠢ ᠲᠠ ᠬᠤᠪᠢ ᠶ᠋ᠢᠨ ᠦᠰ ᠬᠣᠨᠵᠢᠩ ᠢ᠋ ᠳᠡᠩᠳᠡᠭᠦᠦ ᠪᠣᠳᠣᠵᠤ᠂ ᠵᠠᠰᠠᠭ ᠬᠦᠩ ᠦ᠋ᠨ ᠶᠡᠬᠡ ᠶᠠᠪᠤᠳᠠᠯ ᠳ᠋ᠤ᠌ ᠬᠣᠬᠢᠷᠠᠯ ᠪᠣᠯᠵᠤ ᠮᠡᠳᠡᠬᠦ ᠠᠶᠤᠯ ᠢ᠋ ᠤᠮᠠᠷᠲᠠᠵᠤ ᠦᠯᠦ ᠪᠣᠯᠤᠨ᠎ᠠ᠃ ᠵᠠᠰᠠᠭ ᠶᠠᠮᠤᠨ ᠤ᠋ ᠴᠠᠭᠠᠨᠠᠬᠢ ᠭᠦᠨ ᠳᠠᠯᠳᠠ ᠤᠴᠢᠷ ᠢ᠋ ᠨᠠᠳᠠ ᠪᠠᠷ ᠵᠢᠭᠠᠯᠭᠠᠬᠤ ᠬᠡᠷᠡᠭ ᠦᠭᠡᠢ ᠪᠠᠢᠯᠭᠦᠢ! ᠥᠯᠵᠡᠢᠰᠡᠩ ᠰᠢᠭ ᠬᠥᠮᠦᠨ ᠵᠠᠰᠠᠭ ᠶᠠᠮᠤᠨ ᠳ᠋ᠤ᠌ ᠪᠠᠰᠠ ᠴᠢᠬᠤᠯᠠᠲᠠᠢ ᠰᠢᠦ᠁  
       — ᠲᠡᠭᠡᠪᠡᠴᠦ ᠲᠠ ᠥᠯᠵᠡᠢᠰᠡᠩ ᠰᠢᠭ ᠭᠠᠪᠢᠬᠤ ᠦᠭᠡᠢ ᠬᠥᠮᠦᠨ ᠢ᠋ ᠬᠠᠵᠠᠭᠤ ᠳ᠋ᠠᠭᠠᠨ ᠪᠠᠢᠯᠭᠠᠬᠤ ᠳ᠋ᠠᠭᠠᠨ ᠬᠡᠷᠰᠡᠦᠯᠡ! ᠮᠣᠷᠢᠨ ᠠ᠋ᠴᠠ ᠪᠠᠨ ᠬᠠᠶᠠᠭᠳᠠᠵᠤ ᠮᠡᠳᠡᠨ᠎ᠡ! 
       — ᠵᠠ᠂ ᠵᠠ! ᠬᠣᠶᠠᠭᠤᠯᠠ ᠢᠩᠭᠢᠵᠦ ᠦᠭᠡ ᠬᠡᠷᠡᠬᠦ ᠪᠡᠨ ᠪᠠᠢᠶ᠎ᠠ! ᠢᠩᠭᠢᠭᠡᠳ ᠪᠢ ᠲᠠᠨ ᠤ᠋ ᠰᠠᠨᠠᠭ᠎ᠠ ᠶ᠋ᠢ ᠠᠯᠢ ᠡᠷᠲᠡ ᠡᠴᠡ ᠪᠠᠷᠤᠭᠯᠠᠭᠰᠠᠨ ᠶᠤᠮ ᠠ᠋! ᠮᠠᠨᠴᠤᠷᠭ᠎ᠠ ᠶ᠋ᠢ ᠪᠠᠷᠠᠭᠤᠨ ᠭᠠᠷ ᠤ᠋ᠨ ᠢ᠋ᠶ᠋ᠠᠨ ᠲᠣᠸᠠᠨᠵᠠᠩ ᠢ᠋ᠶ᠋ᠠᠷ ᠲᠠᠯᠪᠢᠴᠢᠬᠠᠬᠤ ᠤᠤ ᠲᠠ⁈ ᠭᠡᠳ ᠠᠭᠸᠠᠩ ᠨᠣᠶᠠᠨ ᠡᠯᠳᠡᠩᠭᠡ ᠲᠤᠰᠠᠯᠠᠭᠴᠢ ᠶ᠋ᠢ ᠴᠢᠷᠠᠢᠳᠠᠵᠤ ᠂ ᠲᠡᠭᠦᠨ ᠦ᠌ ᠠᠮᠠᠨ ᠠ᠋ᠴᠠ《ᠪᠣᠯᠬᠤ ᠦᠭᠡᠢ᠂ ᠲᠡᠷᠡ ᠶᠠᠭᠠᠬᠢᠵᠤ ᠪᠣᠯᠬᠤ ᠪᠣᠢ?》 ᠭᠡᠰᠡᠨ ᠦᠭᠡ ᠤᠨᠠᠬᠤ ᠶ᠋ᠢ ᠭᠣᠷᠢᠳᠠᠨ᠎ᠠ᠃ 
       — ᠮᠠᠨᠴᠤᠷᠭ᠎ᠠ ᠴᠦ᠍ ᠪᠣᠯᠤᠨ᠎ᠠ᠃ ᠪᠢ ᠦᠨᠡᠨ ᠢ᠋ ᠬᠡᠯᠡᠬᠦ ᠳ᠋ᠦ᠍ ᠥᠪᠡᠷ ᠦ᠋ᠨ ᠬᠦᠦ ᠪᠡᠨ ᠭᠡᠵᠦ ᠳᠡᠭᠡᠷ᠎ᠡ ᠦᠨᠡᠯᠡᠬᠦ ᠪᠢᠰᠢ! ᠮᠠᠨᠴᠤᠷᠭ᠎ᠠ ᠤᠤᠯ ᠨᠢ ᠶᠠᠮᠤᠨ ᠤ᠋ ᠴᠡᠷᠢᠭ ᠵᠠᠬᠢᠷᠴᠤ ᠪᠠᠢᠭᠰᠠᠨ ᠶᠤᠮ᠃ ᠴᠡᠷᠢᠭ ᠵᠡᠪᠰᠡᠭ ᠦ᠋ᠨ ᠡᠷᠳᠡᠮ ᠳ᠋ᠦ᠍ ᠠᠪᠴᠤ ᠬᠡᠯᠡᠪᠡᠯ ᠸᠴᠢᠷᠪᠠᠲᠤ ᠲᠤᠸᠠᠨᠵᠠᠩ ᠠ᠋ᠴᠠ ᠳᠡᠮᠡᠢ ᠬᠣᠯᠠ ᠬᠣᠴᠣᠷᠬᠤ ᠦᠭᠡᠢ ᠨᠢ ᠯᠠᠪ! 
       — ᠸᠴᠢᠷᠪᠠᠲᠤ ᠲᠤᠸᠠᠨᠵᠠᠩ ᠴᠦ᠍ ᠪᠣᠯ ᠶᠠᠷᠢᠬᠤ ᠶᠠᠭᠤᠮ᠎ᠠ ᠠᠯᠠᠭ᠎ᠠ᠃ ᠲᠠᠨ ᠤ᠋ ᠤᠷᠠᠳ ᠶᠠᠰᠤᠲᠠᠨ ᠤ᠋ ᠪᠠᠨ ᠳᠣᠲᠣᠷ᠎ᠠ ᠡᠷᠡᠬᠡᠢ ᠭᠣᠵᠣᠢᠯᠭᠠᠴᠢᠬᠠᠮᠠᠷ ᠡᠷ᠎ᠡ ᠶ᠋ᠢᠨ ᠨᠢᠭᠡ ᠶᠦᠮ ᠠ᠋᠃ ᠰᠠᠷᠠᠩᠸᠠᠩᠴᠤᠭ ᠤ᠋ᠨ ᠠᠯᠠᠭᠳᠠᠭᠰᠠᠨ ᠤᠴᠢᠷ ᠢ᠋ ᠰᠠᠢᠬᠠᠨ ᠰᠢᠢᠳᠪᠦᠷᠢᠯᠡᠵᠦ᠂ ᠮᠠᠭᠤ ᠬᠠᠷ᠎ᠠ ᠴᠡᠷᠢᠭ ᠦ᠋ᠨ ᠲᠤᠸᠠᠨᠵᠠᠩ ᠢ᠋ ᠲᠣᠨᠢᠯᠭᠠᠭᠰᠠᠨ ᠨᠢ ᠦᠨᠡᠬᠡᠷ ᠨᠤᠲᠤᠭ ᠤ᠋ᠨ ᠮᠣᠩᠭᠣᠯ ᠤ᠋ᠨ ᠬᠣᠷᠣᠰᠤᠯ ᠢ᠋ ᠲᠠᠢᠯᠤᠭᠰᠠᠨ ᠳᠠ! ᠭᠡᠵᠦ ᠠᠭᠸᠠᠩ ᠨᠣᠶᠠᠨ《ᠸᠴᠢᠷᠪᠠᠲᠤ ᠶᠣᠰᠣᠲᠠᠢ ᠡᠢᠮᠦ》 ᠭᠡᠵᠦ ᠡᠷᠡᠬᠡᠢ ᠪᠡᠨ ᠭᠣᠵᠣᠢᠯᠭᠠᠨ᠎ᠠ᠃ 
       ᠡᠯᠳᠡᠩᠭᠡ᠂ ᠠᠭᠸᠠᠩ ᠨᠣᠶᠠᠨ ᠤ᠋ ᠠᠮᠠᠨ ᠠ᠋ᠴᠠ ᠥᠯᠵᠡᠢ ᠶ᠋ᠢᠨ ᠭᠣᠣᠯ ᠤ᠋ᠨ ᠰᠠᠷᠠᠩᠸᠠᠩᠴᠤᠭ ᠭᠤᠸᠠᠢ ᠶ᠋ᠢᠨ ᠬᠠᠷ᠎ᠠ ᠴᠡᠷᠢᠭ ᠦ᠋ᠨ ᠳᠡᠭᠡᠷᠡᠮ ᠳ᠋ᠦ᠍ ᠬᠣᠣᠷᠯᠠᠭᠳᠠᠭᠰᠠᠨ ᠤᠴᠢᠷ ᠢ᠋ ᠳᠤᠷᠠᠳᠤᠭᠰᠠᠨ ᠳ᠋ᠤ᠌ ᠲᠡᠭᠦᠨ ᠦ᠌ ᠳᠣᠲᠣᠷ᠎ᠠ ᠬᠢᠯᠢᠩ ᠪᠠᠳᠠᠷᠠᠵᠤ《ᠡᠨᠡ ᠮᠠᠭᠤ ᠰᠠᠢᠨ ᠬᠠᠷ᠎ᠠ ᠰᠢᠷ᠎ᠠ ᠴᠡᠷᠢᠭ ᠦ᠋ᠳ ᠨᠤᠲᠤᠭ ᠴᠥᠯᠪᠡᠵᠦ ᠰᠠᠮᠠᠭᠤᠷᠠᠭᠰᠠᠨ ᠲᠡᠢᠨ ᠦ᠌ ᠬᠥᠯ ᠳ᠋ᠦ᠍ ᠳᠡᠭᠡᠷᠡᠮ ᠲᠣᠨᠣᠭ᠎ᠠ ᠨᠤᠭᠤᠳ ᠮᠠᠯᠴᠢᠨ ᠠᠷᠠᠳ ᠢ᠋ ᠲᠣᠨᠣᠨ ᠳᠡᠭᠡᠷᠡᠮᠳᠡᠵᠦ᠂ ᠬᠡᠯᠲᠦᠰᠬᠢᠪᠡᠯ ᠬᠥᠮᠦᠨ ᠬᠠᠷ᠎ᠠ ᠠᠯᠠᠵᠤ ᠭᠠᠢ ᠲᠠᠷᠢᠳᠠᠭ ᠪᠣᠯᠤᠯ᠎ᠠ᠁  ᠮᠠᠨ ᠤ᠋ ᠤᠷᠠᠳ ᠨᠤᠲᠤᠭ ᠲᠤ ᠵᠠᠩᠴᠣᠪ᠂ ᠸᠴᠢᠷᠪᠠᠲᠤ᠂ ᠮᠠᠨᠴᠤᠷᠭ᠎ᠠ᠂ ᠰᠣᠯᠣᠭᠠᠢ ᠨᠠᠮᠵᠢᠯ᠂ ᠠᠩᠴᠢᠨᠵᠠᠪ᠁ ᠰᠢᠭ᠋ ᠰᠢᠯᠢ ᠶ᠋ᠢᠨ ᠰᠠᠢᠨ ᠡᠷ᠎ᠡ ᠪᠠᠢᠬᠤ ᠯᠠ ᠳᠠ! ᠭᠡᠬᠦ ᠳ᠋ᠦ᠍ ᠮᠠᠨ ᠤ᠋ ᠪᠠᠷᠠᠭᠤᠨ ᠬᠦᠩ ᠦ᠋ᠨ ᠬᠢᠨ ᠡᠳᠡᠭᠡᠷ ᠰᠠᠢᠨ ᠡᠷ᠎ᠡ ᠶ᠋ᠢ ᠡᠪ ᠵᠦᠢᠲᠡᠢ ᠬᠡᠷᠡᠭᠯᠡᠬᠦ ᠦᠭᠡᠢ ᠮᠥᠷᠲᠡᠭᠡᠨ ᠭᠠᠳᠠᠭᠤᠷᠴᠢᠯᠠᠵᠤ᠂ ᠳᠣᠲᠣᠷ᠎ᠠ ᠵᠠᠭᠤᠷ᠎ᠠ ᠪᠠᠨ ᠡᠪᠳᠡᠷᠡᠯᠴᠡᠬᠦ ᠡᠴᠡ ᠪᠢᠰᠢ᠂ ᠬᠣᠰᠢᠭᠤ ᠬᠦᠩ ᠢ᠋ᠶ᠋ᠡᠨ ᠶᠠᠭᠠᠬᠢᠵᠤ ᠵᠠᠰᠠᠵᠤ ᠠᠪᠬᠤ ᠶ᠋ᠢ ᠰᠠᠨᠠᠭᠠᠴᠢᠯᠠᠳᠠᠭ ᠬᠥᠮᠦᠨ ᠬᠣᠪᠣᠷᠳᠠᠵᠠᠢ᠃ ᠪᠠᠭ᠎ᠠ ᠬᠠᠲᠤᠨ ᠭᠡᠭᠴᠢ ᠪᠡᠯᠪᠠᠰᠤᠨ ᠥᠷᠥᠭᠡᠰᠦᠨ ᠬᠥᠮᠦᠨ ᠦ᠌ ᠨᠢᠭᠡ ᠭᠠᠵᠠᠷ᠂ ᠵᠠᠰᠠᠭ ᠲᠥᠷᠥ ᠶ᠋ᠢᠨ ᠶᠠᠪᠤᠳᠠᠯ ᠢ᠋ ᠬᠡᠯᠡᠬᠦ ᠪᠡᠨ ᠪᠠᠢᠴᠢᠬ᠎ᠠ᠂ ᠠᠮᠢᠳᠤᠷᠠᠯ ᠳ᠋ᠤᠨᠢ ᠲᠤᠯᠭᠠᠷᠠᠬᠤ ᠬᠠᠲᠠᠭᠤ ᠬᠠᠯᠠ ᠶ᠋ᠢ ᠳᠠᠭᠠᠭᠠᠬᠤ ᠠᠷᠭ᠎ᠠ ᠦᠭᠡᠢ ᠠ᠋ !  ᠲᠡᠭᠡᠬᠦ ᠳ᠋ᠦ᠍ ᠡᠦᠲᠦ ᠨᠢᠭᠡ ᠶᠣᠰᠣᠲᠠᠢ ᠰᠢᠨᠳᠠᠰᠤᠲᠠᠢ ᠰᠠᠢᠨ ᠡᠷ᠎ᠡ ᠰᠣᠩᠭᠣᠵᠤ ᠵᠠᠰᠠᠭ ᠪᠠᠷᠢᠳᠠᠭ ᠰᠠᠨ ᠪᠣᠯ⁈  ᠭᠡᠵᠦ ᠪᠣᠳᠣᠵᠤ ᠠᠮᠵᠢᠪᠠ᠃ 
       — ᠠᠭᠸᠠᠩ ᠨᠣᠶᠠᠨ ᠤ᠋ ᠬᠡᠯᠡᠬᠦ ᠵᠥᠪ! ᠸᠴᠢᠷᠪᠠᠲᠤ ᠮᠠᠭᠤ ᠬᠠᠷ᠎ᠠ ᠴᠡᠷᠢᠭ ᠯᠢ ᠲᠤᠸᠠᠨᠵᠠᠩ ᠤ᠋ᠨ ᠭᠠᠪᠠᠯᠠ ᠶ᠋ᠢ ᠭᠠᠭᠴᠠᠬᠠᠨ ᠰᠤᠮᠤ ᠪᠠᠷ ᠰᠡᠬᠦᠭᠰᠡᠨ ᠨᠢ ᠦᠨᠡᠬᠡᠷ ᠬᠣᠷᠣᠰᠤᠯ ᠲᠠᠢᠯᠤᠭᠰᠠᠨ ᠶᠤᠮ᠃ ᠬᠣᠣᠷ ᠢ᠋ ᠬᠣᠣᠷ ᠢ᠋ᠶ᠋ᠠᠷ ᠳᠡᠢᠯᠦᠨ᠎ᠡ ᠭᠡᠳᠡᠭ ᠨᠢ ᠡᠨᠡ ᠳᠡ!  ᠭᠡᠵᠦ ᠡᠯᠳᠡᠩᠭᠡ ᠬᠡᠯᠡᠬᠦ ᠳ᠋ᠦ᠍ ᠲᠡᠭᠦᠨ ᠦ᠌ ᠨᠢᠳᠦᠨ ᠳ᠋ᠦ᠍ ᠰᠠᠷᠠᠩᠸᠠᠩᠴᠣᠭ ᠤ᠋ᠨ ᠬᠣᠣᠷᠯᠠᠭᠳᠠᠭᠰᠠᠨ ᠪᠠ ᠸᠴᠢᠷᠪᠠᠲᠤ ᠶᠠᠮᠤᠨ ᠤ᠋ ᠣᠷᠳᠣᠨ ᠳ᠋ᠤ᠌ ᠵᠠᠷᠭᠤ ᠰᠢᠭᠦᠬᠦ ᠳ᠋ᠡᠭᠡᠨ ᠶᠡᠬᠡᠳᠡ ᠰᠠᠭᠰᠠᠭᠤᠷᠠᠭᠰᠠᠨ ᠯᠢ ᠲᠤᠸᠠᠨᠵᠠᠩ ᠤ᠋ᠨ ᠭᠠᠪᠠᠯᠠ ᠶ᠋ᠢ ᠰᠡᠬᠦᠵᠦ ᠬᠠᠶᠠᠭᠰᠠᠨ ᠦᠵᠡᠭᠳᠡᠯ ᠲᠣᠳᠣᠷᠠᠬᠤ ᠰᠢᠭ᠋ ᠪᠣᠯᠪᠠ᠁ 
       ᠲᠡᠷᠡ ᠵᠢᠯ ᠦ᠋ᠨ ᠡᠪᠦᠯ ᠦ᠋ᠨ ᠡᠬᠢ ᠪᠡᠷ ᠶᠤᠮᠰᠠᠨ᠃ ᠶᠢᠰᠦ ᠲᠣᠭᠠᠯᠠᠭ᠎ᠠ ᠦᠭᠡᠢ ᠪᠠᠢᠲᠠᠯ᠎ᠠ ᠭᠣᠣᠯ ᠤ᠋ᠨ ᠮᠥᠰᠥ ᠬᠥᠯᠳᠡᠵᠦ᠂ ᠴᠢᠮᠥᠭᠡ ᠴᠠᠷᠴᠠᠮ᠎ᠠ ᠬᠦᠢᠲᠡᠨ ᠪᠠᠢᠯ᠎ᠠ᠃ 
       ᠰᠠᠷᠠᠩᠸᠠᠩᠴᠣᠭ ᠳᠡᠭᠦᠦ ᠣᠳᠬᠣᠨ ᠤ᠋ ᠳ᠋ᠠᠭᠠᠨ ᠪᠣᠭᠲᠣᠭᠣᠰᠣ ᠮᠥᠯᠵᠢᠵᠦ ᠪᠣᠷᠣ ᠱᠥᠯᠥ ᠤᠤᠭᠤᠨ ᠬᠡᠳᠦᠨ ᠬᠤᠨᠳᠠᠭ᠎ᠠ ᠭᠠᠰᠢᠭᠤᠨ ᠬᠠᠷ᠎ᠠ ᠰᠢᠮᠡᠵᠦ ᠰᠠᠭᠤᠬᠤ ᠳ᠋ᠠᠭᠠᠨ ᠴᠦ᠍ ᠰᠢᠨ᠎ᠡ ᠬᠠᠨ ᠯᠢᠩ ᠴᠦᠨ① ᠫᠤᠤ ᠪᠠᠨ ᠵᠦᠯᠭᠦᠵᠦ᠄ 
       — ᠮᠠᠷᠭᠠᠲᠤᠷ ᠵᠢᠷᠭᠠᠯᠲᠤ ᠶ᠋ᠢᠨ ᠴᠠᠮ ᠤ᠋ᠨ ᠬᠤᠷᠠᠯ ᠳ᠋ᠤ᠌ ᠣᠴᠢᠨ᠎ᠠ ᠤᠤ ᠴᠢ? ᠭᠡᠪᠡ᠃ 
       — ᠣᠴᠢᠨ᠎ᠠ᠃ ᠲᠠ ᠣᠴᠢᠬᠤ ᠶᠤᠮ ᠤᠤ? 
       — ᠣᠴᠢᠨ᠎ᠠ᠂ ᠣᠴᠢᠨ᠎ᠠ! ᠭᠡᠳ ᠥᠨᠥᠬᠢ ᠫᠤᠤ ᠪᠠᠨ ᠠᠳᠠ ᠲᠡᠨᠳᠡᠬᠢ ᠶ᠋ᠢ ᠨᠢ ᠰᠢᠨᠵᠢᠨ ᠠᠷᠴᠢᠵᠤ ᠵᠦᠯᠭᠦᠬᠦ ᠶ᠋ᠢ ᠳᠡᠭᠦᠦ ᠣᠳᠬᠣᠨ ᠨᠢ ᠰᠣᠨᠢᠷᠬᠠᠵᠤ᠄
       — ᠲᠠᠨ ᠤ᠋ ᠡᠨᠡ ᠴᠢᠨᠢ ᠴᠣ ᠰᠢᠨ᠎ᠡ ᠫᠤᠤ ᠶᠤᠮ ᠪᠢᠵᠡ? ᠭᠡᠵᠡᠢ᠃ 
       — ᠲᠡᠭᠡᠯᠭᠦᠢ ᠳᠡ! ᠠᠷᠭ᠎ᠠ ᠦᠭᠡᠢ ᠰᠠᠢᠨ ᠲᠣᠰᠳᠠᠭ ᠫᠤᠤ ᠪᠠᠢᠭ᠎ᠠ ᠶᠤᠮ ᠭᠡᠳ ᠰᠠᠷᠠᠩᠸᠠᠩᠴᠣᠭ ᠫᠤᠤ ᠶ᠋ᠢᠨ ᠣᠨᠢ ᠶ᠋ᠢ ᠭᠠᠳᠠᠭᠰᠢ ᠬᠠᠨᠳᠤᠭᠤᠯᠤᠨ ᠶᠠᠭᠤᠮ᠎ᠠ ᠣᠨᠢᠯᠠᠵᠤ ᠦᠵᠡᠨ᠎ᠡ᠃ 
       ᠣᠳᠬᠣᠨ ᠠᠬ᠎ᠠ ᠳ᠋ᠠᠭᠠᠨ ᠠᠷᠢᠬᠢ ᠬᠤᠨᠳᠠᠭᠠᠯᠠᠵᠤ᠄   
       — ᠡᠦᠲᠦ ᠨᠢᠭᠡ ᠬᠤᠨᠳᠠᠭ᠎ᠠ ᠤᠤᠭᠤᠴᠢᠬ᠎ᠠ! ᠭᠡᠰᠡᠨ ᠳ᠋ᠦ᠍ ᠰᠠᠷᠠᠩᠸᠠᠩᠴᠣᠭ᠄   
       — ᠵᠠ᠂ ᠢᠩᠭᠢᠭᠡᠳ ᠪᠣᠯᠤᠭᠰᠠᠨ ᠠ᠋! ᠡᠨᠡ ᠮᠥᠰᠥ ᠴᠠᠰᠤ ᠲᠠᠢ ᠳ᠋ᠤ᠌ ᠡᠷᠲᠡᠬᠡᠨ ᠶᠠᠪᠤᠶ᠎ᠠ᠂ ᠣᠷᠣᠢ ᠪᠣᠯᠵᠤ ᠪᠠᠢᠨ᠎ᠠ᠁ ᠭᠡᠳ ᠬᠤᠨᠳᠠᠭ᠎ᠠ ᠲᠠᠢ ᠪᠠᠨ ᠨᠢᠭᠡ ᠯᠡ ᠬᠥᠨᠲᠥᠷᠴᠦ ᠭᠠᠷᠬᠤ ᠳ᠋ᠠᠭᠠᠨ 《ᠮᠠᠷᠭᠠᠲᠤᠷ ᠴᠠᠮ ᠤ᠋ᠨ ᠬᠤᠷᠠᠯ ᠳ᠋ᠤ᠌ ᠠᠭᠤᠯᠵᠠᠶ᠎ᠠ》 ᠭᠡᠵᠦ ᠵᠠᠬᠢᠴᠢᠬᠠᠭᠠᠳ ᠶᠠᠪᠤᠪᠠ᠃ 
       ᠳᠠᠷᠠᠭ᠎ᠠ ᠡᠳᠦᠷ ᠦ᠋ᠨ ᠥᠷᠯᠥᠭᠡ ᠡᠷᠲᠡ ᠰᠠᠷᠠᠩᠸᠠᠩᠴᠣᠭ ᠴᠣ ᠰᠢᠨ᠎ᠡ ᠫᠤᠤ ᠪᠠᠨ ᠡᠭᠦᠷᠴᠦ ᠵᠣ ᠶ᠋ᠢᠨ ᠪᠡᠯᠴᠢᠭᠡᠷ ᠳᠠᠬᠢ ᠴᠥᠭᠡᠪᠲᠦᠷ ᠦᠬᠡᠷ ᠢ᠋ᠶ᠋ᠡᠨ ᠤᠰᠤᠯᠠᠵᠤ ᠲᠠᠭᠤᠴᠢᠬᠠᠭᠠᠳ《ᠠᠵᠠᠲᠠᠢ ᠰᠠᠨ ᠪᠣᠯ ᠠᠩ ᠤ᠋ᠨ ᠣᠯᠵᠠ ᠭᠠᠨᠵᠤᠭᠠᠯᠠᠴᠢᠬᠠᠶ᠎ᠠ ᠪᠠᠢᠵᠠ!》 ᠭᠡᠳ ᠬᠢᠷᠮᠠᠭᠬᠠᠨ ᠴᠠᠰᠤᠨ ᠳᠡᠭᠡᠷ᠎ᠡ ᠲᠠᠮᠠᠭᠠᠯᠠᠭᠳᠠᠭᠰᠠᠨ ᠦᠨᠡᠭᠡ ᠲᠠᠤᠯᠠᠢ ᠶ᠋ᠢᠨ ᠮᠥᠷ ᠬᠥᠭᠡᠭᠡᠵᠦ ᠶᠠᠪᠤᠲᠠᠯ᠎ᠠ ᠬᠠᠷ᠎ᠠ ᠴᠡᠷᠢᠭ ᠦ᠋ᠨ ᠯᠢ ᠲᠤᠸᠠᠨᠵᠠᠩ ᠤ᠋ᠨ ᠲᠠᠷᠢᠶᠠᠨ ᠤ᠋ ᠭᠠᠵᠠᠷ ᠤ᠋ᠨ ᠠᠷᠤ ᠰᠤᠵᠠᠭ ᠲᠤ᠌ ᠭᠣᠣ ᠡᠯ ᠳ᠋ᠠᠨ᠂  ᠳ᠋ᠦᠩ ᠱᠧᠩ ᠽᠢ ᠭᠡᠳᠡᠭ ᠬᠣᠶᠠᠷ ᠭᠠᠢᠬᠠᠯ ᠲᠠᠢ ᠲᠠᠭᠠᠷᠠᠯᠳᠤᠪᠠ᠃ 
       ᠯᠢ ᠲᠤᠸᠠᠨᠵᠠᠩ ᠭᠡᠳᠡᠭ ᠨᠢ ᠯᠢ ᠴᠦᠨ ᠱᠧᠩ ᠭᠡᠳᠡᠭ᠃ ᠸᠠᠩ ᠰᠣᠬᠣᠷ ᠤ᠋ᠨ ᠬᠣᠯᠪᠣᠭᠠᠲᠤ ᠴᠡᠷᠢᠭ ᠦ᠋ᠨ ᠲᠤᠸᠠᠨᠵᠠᠩ᠃ ᠡᠨᠡ ᠯᠢ ᠲᠤᠸᠠᠨᠵᠠᠩ ᠮᠠᠰᠢ ᠬᠠᠷᠭᠢᠰ ᠵᠠᠩ ᠲᠠᠢ ᠬᠡᠷᠴᠡᠭᠡᠢ ᠠᠮᠢᠲᠠᠨ᠃ ᠸᠠᠩ ᠰᠣᠬᠣᠷ ᠤ᠋ᠨ ᠨᠥᠮᠥᠷᠢ ᠳ᠋ᠦ᠍ ᠡᠷᠬᠡ ᠰᠦᠷ ᠲᠡᠭᠡᠨ ᠡᠷᠳᠦᠵᠦ ᠮᠠᠯᠴᠢᠳ ᠤ᠋ᠨ ᠨᠤᠲᠤᠭ ᠪᠡᠯᠴᠢᠭᠡᠷ ᠢ᠋ ᠰᠢᠬᠠᠵᠤ᠂ ᠲᠠᠷᠢᠶ᠎ᠠ ᠲᠥᠮᠥᠰᠥ ᠲᠠᠷᠢᠬᠤ ᠪᠠᠷ ᠲᠤᠰᠬᠠᠢ ᠭᠠᠵᠠᠷ ᠭᠠᠷᠭᠠᠵᠤ᠂ ᠵᠠᠩ ᠣᠪᠣᠭ ᠲᠠᠢ ᠮᠣᠳᠣᠨ ᠳᠠᠷᠬᠠᠨ ᠢ᠋ᠶ᠋ᠠᠷ ᠲᠠᠷᠢᠶ᠎ᠠ ᠲᠠᠷᠢᠭᠤᠯᠵᠤ ᠪᠠᠢᠵᠠᠢ᠃ ᠡᠨᠡ ᠵᠠᠩ ᠣᠪᠣᠭᠲᠤ ᠮᠣᠳᠣᠨ ᠳᠠᠷᠬᠠᠨ ᠯᠢ ᠲᠤᠸᠠᠨᠵᠠᠩ ᠲᠠᠢ ᠮᠠᠰᠢ ᠵᠤᠵᠠᠭᠠᠨ ᠨᠠᠢᠷ ᠲᠠᠢ ᠪᠠᠢᠳᠠᠭ ᠢ᠋ᠶ᠋ᠠᠷ ᠲᠡᠭᠦᠨ ᠥᠮᠥᠭ ᠲᠦ᠍ ᠬᠥᠨᠳᠡᠯᠡᠨ ᠭᠤᠯᠳᠤ ᠠᠭᠠᠰᠢᠯᠠᠳᠠᠭ ᠠᠵᠤᠭᠤ᠃ ᠡᠢᠨ ᠬᠦ᠌ ᠨᠤᠲᠤᠭ ᠤ᠋ᠨ ᠮᠣᠩᠭᠣᠯᠴᠤᠳ ᠯᠢ ᠲᠤᠸᠠᠨᠵᠠᠩ ᠪᠣᠯᠤᠨ ᠵᠠᠩ ᠣᠪᠣᠭᠲᠤ ᠮᠣᠳᠣᠨ ᠳᠠᠷᠬᠠᠨ ᠢ᠋ ᠦᠬᠦᠨ ᠬᠣᠷᠣᠰᠳᠠᠭ ᠪᠣᠯᠪᠠ᠃ 
       ᠭᠣᠣ᠂ ᠳ᠋ᠦᠩ ᠬᠣᠶᠠᠷ ᠭᠠᠢᠬᠠᠯ ᠰᠠᠷᠠᠩᠸᠠᠩᠴᠤᠭ ᠤ᠋ᠨ ᠡᠮᠡᠭᠡᠯ ᠲᠣᠨᠣᠭᠲᠠᠢ ᠮᠣᠷᠢ ᠬᠥᠲᠥᠯᠵᠦ᠂ ᠴᠣ ᠰᠢᠨ᠎ᠡ ᠲᠦᠷᠭᠡᠨ ᠫᠤᠤ ᠡᠭᠦᠷ ᠶᠠᠪᠤᠭ᠎ᠠ ᠶ᠋ᠢ ᠦᠵᠡᠭᠡᠳ ᠮᠠᠭᠤ ᠰᠠᠨᠠᠭ᠎ᠠ ᠲᠥᠷᠥᠵᠦ᠂ ᠨᠢᠭᠡ ᠨᠢ ᠡᠮᠡᠭᠡᠯ ᠲᠣᠨᠣᠭᠲᠤ ᠮᠣᠷᠢᠨ ᠳ᠋ᠤᠨᠢ ᠳᠤᠷᠠᠯᠠᠵᠤ᠂ ᠨᠥᠭᠦᠭᠡ ᠨᠢ ᠴᠣ ᠰᠢᠨ᠎ᠡ ᠫᠤᠤ ᠳ᠋ᠤᠨᠢ ᠭᠣᠷᠢᠯᠠᠨ ᠨᠢᠭᠡ ᠨᠢᠭᠡᠨ ᠳ᠋ᠡᠭᠡᠨ ᠳᠠᠯᠳᠠ ᠳᠣᠬᠢᠶ᠎ᠠ ᠥᠭᠴᠦ᠄ 
       — ᠬᠥᠶᠢ᠂ ᠮᠣᠩᠭᠣᠯ ᠠᠬ᠎ᠠ ᠳᠡᠭᠦᠦ ᠠ᠋! ᠠᠨᠵᠢᠰᠤᠨ ᠤ᠋ ᠬᠣᠶᠠᠷ ᠱᠠᠷ ᠠᠯᠳᠠᠴᠢᠬᠠᠯ᠎ᠠ᠃ ᠲᠠᠨ ᠤ᠋ ᠦᠬᠡᠷ ᠦ᠋ᠨ ᠰᠦᠷᠦᠭ ᠲᠦ᠍ ᠬᠠᠷᠠᠭᠳᠠᠪᠠ ᠤᠤ? ᠭᠡᠵᠦ ᠭᠣᠣ ᠡᠯ ᠳ᠋ᠠᠨ ᠭᠡᠳᠡᠭ ᠨᠢ ᠦᠭᠡ ᠰᠡᠯᠲᠡᠭᠦᠯᠦᠨ᠂ ᠰᠠᠷᠠᠩᠸᠠᠩᠴᠤᠭ ᠲᠤ᠌ ᠨᠢᠭᠡ ᠭᠣᠳᠣᠯᠢ ᠶᠠᠨᠵᠣᠣᠷ ᠥᠭᠴᠦ ᠪᠡᠶ᠎ᠡ ᠳ᠋ᠡᠭᠡᠨ ᠣᠷᠣᠢᠲᠠᠭᠤᠯᠤᠨ᠂ ᠲᠠᠮᠠᠬᠢ ᠨᠡᠷᠡᠬᠦ ᠳᠡᠯᠢᠮ ᠳ᠋ᠦ᠍ ᠨᠥᠭᠦᠭᠡ ᠳ᠋ᠦᠩ ᠱᠧᠩ ᠽᠢ ᠭᠡᠳᠡᠭ ᠭᠠᠢᠬᠠᠯ ᠡᠭᠦᠷᠦᠭᠰᠡᠨ ᠫᠤᠤ ᠶ᠋ᠢᠨ ᠢ᠋ᠶ᠋ᠡᠨ ᠪᠥᠭᠰᠡ ᠪᠡᠷ ᠰᠠᠷᠠᠩᠸᠠᠩᠴᠤᠭ ᠤ᠋ᠨ ᠭᠠᠪᠠᠯᠠ ᠤᠷᠤᠭᠤ ᠨᠢᠭᠡ ᠯᠡ ᠨᠦᠳᠦᠵᠦ ᠮᠠᠨᠠᠷᠠᠭᠤᠯᠤᠭᠠᠳ᠂ ᠮᠥᠰᠥᠨ ᠦ᠌ ᠬᠥᠨᠳᠡᠢ ᠳ᠋ᠦ᠍ ᠴᠢᠬᠢᠵᠦ ᠬᠠᠶᠠᠪᠠ᠃ ᠢᠩᠭᠢᠭᠡᠳ ᠥᠨᠥᠬᠢ ᠬᠣᠶᠠᠷ ᠭᠠᠢᠬᠠᠯ ᠡᠮᠡᠭᠡᠯᠲᠦ ᠮᠣᠷᠢ᠂ ᠴᠡᠨᠡᠭᠲᠦ ᠫᠤᠤ ᠶ᠋ᠢ ᠨᠢ ᠠᠪᠴᠤ ᠭᠣᠳ ᠳᠤᠲᠠᠭᠠᠪᠠ᠃ 
       ᠳᠡᠭᠦᠦ ᠤᠳᠬᠤᠨ ᠨᠢ ᠪᠣᠯᠵᠣᠭᠰᠠᠨ ᠶᠣᠰᠣᠭᠠᠷ ᠵᠢᠷᠭᠠᠯᠲᠤ ᠶ᠋ᠢᠨ ᠰᠦᠮ᠎ᠡ ᠶ᠋ᠢᠨ ᠴᠠᠮ ᠤ᠋ᠨ ᠬᠤᠷᠠᠯ ᠳ᠋ᠤ᠌ ᠣᠴᠢᠵᠠᠢ᠃ ᠠᠬ᠎ᠠ ᠨᠢ ᠬᠠᠷᠠᠭᠳᠠᠳᠠᠭ ᠦᠭᠡᠢ᠃ ᠦᠳᠡ ᠥᠩᠭᠡᠷᠡᠴᠢᠬᠡᠯ᠎ᠡ᠁ ᠨᠠᠷᠠ ᠪᠠᠷᠠᠭᠤᠨᠰᠢ ᠬᠡᠯᠪᠡᠢᠯ᠎ᠡ᠁ ᠠᠬ᠎ᠠ ᠨᠢ ᠪᠠᠰᠠ ᠪᠠᠢᠳᠠᠭ ᠦᠭᠡᠢ᠃ ᠤᠳᠬᠤᠨ ᠰᠠᠨᠳᠤᠷᠴᠤ ᠡᠨᠡ ᠲᠡᠷᠡ ᠬᠥᠮᠦᠨ ᠡᠴᠡ ᠠᠰᠠᠭᠤᠵᠤ ᠰᠤᠷᠠᠭᠯᠠᠭᠰᠠᠨ ᠴᠦ᠍《ᠦᠵᠡᠭᠰᠡᠨ ᠦᠭᠡᠢ ᠠ᠋!》 《ᠬᠠᠷᠠᠭᠳᠠᠭᠰᠠᠨ ᠦᠭᠡᠢ ᠠ᠋!》 ᠭᠡᠬᠦ ᠡᠴᠡ ᠥᠭᠡᠷ᠎ᠡ ᠨᠠᠭᠠᠰᠢᠲᠠᠢ ᠬᠠᠷᠢᠭᠤᠯᠲᠠ ᠣᠯᠤᠭᠰᠠᠨ ᠦᠭᠡᠢ᠃ ᠡᠨᠡ ᠦᠶ᠎ᠡ ᠳ᠋ᠦ᠍ ᠣᠳᠬᠣᠨ ᠶᠡᠬᠡᠳᠡ ᠪᠠᠴᠢᠮᠳᠠᠵᠤ 《ᠠᠬ᠎ᠠ ᠶ᠋ᠢᠨ ᠪᠡᠶ᠎ᠡ ᠨᠢ ᠠᠶ᠎ᠠ ᠦᠭᠡᠢ ᠶᠦᠮ ᠪᠣᠯᠪᠠ ᠤᠤ? ᠶᠠᠭᠠᠬᠢᠭᠰᠠᠨ ᠪᠣᠯ ᠠ᠋?》 ᠭᠡᠵᠦ ᠵᠡᠭᠦᠨ ᠥᠯᠵᠡᠢ ᠶ᠋ᠢᠨ ᠭᠣᠣᠯ ᠳ᠋ᠤ᠌ ᠪᠠᠢᠳᠠᠭ ᠭᠡᠷ ᠲᠦ᠋ᠨᠢ ᠳᠠᠪᠬᠢᠵᠤ ᠣᠴᠢᠭᠰᠠᠨ ᠴᠦ᠍ ᠠᠯᠠᠭ᠎ᠠ᠃《ᠥᠷᠯᠥᠭᠡ ᠡᠷᠲᠡ ᠶᠠᠪᠤᠭᠰᠠᠨ ᠳᠠ᠃ ᠦᠬᠡᠷ ᠢ᠋ᠶ᠋ᠡᠨ ᠤᠰᠤᠯᠠᠴᠢᠬᠠᠭᠠᠳ ᠴᠠᠮ ᠤ᠋ᠨ ᠬᠤᠷᠠᠯ ᠳ᠋ᠤ᠌ ᠣᠴᠢᠨ᠎ᠠ ᠭᠡᠵᠦ ᠬᠡᠯᠡᠵᠦ ᠪᠠᠢᠭᠰᠠᠨ᠁》 ᠭᠡᠬᠦ ᠬᠠᠷᠢᠭᠤᠯᠲᠠ ᠣᠯᠤᠭᠰᠠᠨ ᠳ᠋ᠤ᠌ ᠣᠳᠬᠣᠨ ᠤᠯᠠᠮ ᠰᠠᠨᠳᠤᠷᠴᠤ 《ᠶᠠᠪᠤᠳᠠᠯ ᠤᠴᠢᠷ ᠮᠠᠭᠤ ᠲᠠᠢᠰᠢ ᠬᠠᠨᠳᠤᠭᠰᠠᠨ ᠶᠠᠭᠤᠮ᠎ᠠ ᠪᠣᠯᠴᠢᠬᠠᠬᠤ ᠰᠢᠭ᠋ ᠪᠣᠯᠤᠯ᠎ᠠ 》 ᠭᠡᠵᠦ ᠰᠡᠵᠢᠭ ᠡᠪᠦᠷᠯᠡᠨ ᠪᠤᠴᠠᠭᠠᠳ ᠳᠣᠪᠲᠣᠯᠭᠠᠪᠠ᠃  
       ᠤᠳᠬᠤᠨ᠂ ᠠᠬ᠎ᠠ ᠶ᠋ᠢᠨ ᠢ᠋ᠶ᠋ᠡᠨ ᠭᠡᠷ ᠡᠴᠡ ᠭᠠᠷᠴᠤ᠂ ᠠᠬ᠎ᠠ ᠶ᠋ᠢᠨ ᠢ᠋ᠶ᠋ᠡᠨ ᠠᠮᠢ ᠨᠠᠰᠤᠨ ᠤ᠋ ᠠᠶᠤᠯ ᠲᠠᠢ ᠬᠣᠯᠪᠣᠭᠳᠠᠭᠰᠠᠨ ᠮᠠᠭᠤ ᠰᠤᠪᠢᠨ ᠢ᠋ ᠡᠭᠦᠷᠴᠦ᠂ ᠪᠣᠭᠣᠨᠢ ᠵᠢᠯᠣᠭᠣ ᠪᠣᠰᠤᠭ᠎ᠠ ᠳᠥᠷᠥᠭᠡ ᠪᠡᠷ ᠳᠠᠪᠬᠢᠭᠤᠯᠵᠤ ᠶᠠᠪᠤᠨ ᠦᠬᠡᠷ ᠦ᠋ᠨ ᠪᠡᠯᠴᠢᠭᠡᠷ᠂ ᠭᠣᠣᠯ ᠰᠤᠵᠠᠭ ᠤ᠋ᠨ ᠬᠥᠪᠡᠭᠡ ᠡᠨᠡ ᠲᠡᠷᠡ ᠭᠠᠵᠠᠷ ᠢ᠋ᠶ᠋ᠠᠷ ᠮᠥᠷ ᠰᠤᠷᠠᠭ ᠬᠠᠢᠵᠤ ᠶᠠᠪᠤᠭᠰᠠᠨ ᠴᠦ᠍ ᠣᠯᠤᠭᠰᠠᠨ ᠦᠭᠡᠢ᠃ 《ᠴᠢᠭᠢᠶᠡᠲᠦᠷᠦᠦ᠂ ᠯᠢ ᠲᠤᠸᠠᠨᠵᠠᠩ ᠤ᠋ᠨ ᠮᠠᠭᠤ ᠰᠠᠢᠨ ᠲᠡᠨᠦᠭᠦᠯ ᠯᠤᠢᠪᠠᠷᠴᠢᠨ ᠨᠤᠭᠤᠳ ᠯᠠ ᠬᠠᠷ᠎ᠠ ᠬᠢᠴᠢᠬᠡᠬᠦ ᠰᠢᠭ ᠪᠣᠯᠤᠯ᠎ᠠ》 ᠭᠡᠵᠦ ᠰᠡᠵᠢᠭᠯᠡᠨ ᠯᠢ ᠲᠤᠸᠠᠨᠵᠠᠩ ᠤ᠋ᠨ ᠲᠠᠷᠢᠶᠠᠨ ᠭᠠᠵᠠᠷ ᠤᠷᠤᠭᠤ ᠰᠢᠭᠤᠳ ᠳᠠᠪᠬᠢᠨ ᠬᠦᠷᠴᠦ᠂ ᠵᠠᠩ ᠣᠪᠣᠭᠲᠤ ᠮᠣᠳᠣᠨ ᠳᠠᠷᠬᠠᠨ ᠠ᠋ᠴᠠ᠄ 
       — ᠠᠬ᠎ᠠ ᠡᠨᠡᠭᠦᠷ ᠢᠷᠡᠪᠡ ᠤᠤ? ᠭᠡᠰᠡᠨ ᠳ᠋ᠦ᠍ ᠵᠠᠩ ᠣᠪᠣᠭᠲᠤ ᠮᠣᠳᠣᠨ ᠳᠠᠷᠬᠠᠨ ᠰᠠᠨᠳᠤᠷᠴᠤ᠄ 
       — ᠠᠶ᠎ᠠ᠂ ᠡᠨᠡ ᠴᠢᠨᠢ ᠣᠳᠬᠣᠨ ᠳᠡᠭᠦᠦ ᠪᠠᠢᠨ᠎ᠠ ᠰᠢᠳᠡ! ᠬᠠᠮᠢᠭ᠎ᠠ ᠠ᠋ᠴᠠ ᠠᠵᠠ ᠶ᠋ᠢᠨ ᠵᠢᠪᠠᠷ ᠵᠢᠪᠠᠷᠯᠠᠵᠤ ᠴᠢᠮᠠᠶ᠋ᠢ ᠠᠳᠠ ᠵᠠᠯᠠᠵᠤ ᠢᠷᠡᠭᠦᠯᠪᠡ? ᠳᠣᠲᠣᠭᠰᠢ ᠪᠠᠨ᠂ ᠳᠣᠲᠣᠭᠰᠢ ᠪᠠᠨ! ᠭᠡᠷ ᠲᠦ᠍ ᠣᠷᠣ! ᠭᠡᠵᠦ ᠬᠤᠯᠮᠠᠯᠵᠠᠵᠤ ᠪᠠᠢᠯ᠎ᠠ᠃ 
       — ᠦᠭᠡᠢ᠂ ᠠᠬ᠎ᠠ ᠡᠨᠡᠭᠦᠷ ᠢᠷᠡᠪᠡ ᠤᠤ? ᠭᠡᠵᠦ ᠠᠰᠠᠭᠤᠵᠤ ᠪᠠᠢᠲᠠᠯ᠎ᠠ ᠭᠡᠵᠦ ᠤᠴᠠᠭᠠᠷᠳᠠᠭᠰᠠᠨ ᠳ᠋ᠤ᠌ ᠵᠠᠩ ᠣᠪᠣᠭᠲᠤ ᠮᠣᠳᠣᠨ ᠳᠠᠷᠬᠠᠨ᠄  
       — ᠦᠭᠡᠢ᠂ ᠦᠭᠡᠢ ᠠ᠋! ᠰᠡᠷᠡᠩ ᠠᠬ᠎ᠠ ᠡᠨᠡᠭᠦᠷ ᠢᠷᠡᠭᠰᠡᠨ ᠦᠭᠡᠢ ᠁ ᠭᠡᠵᠡᠢ᠃ 
       — ᠶᠠᠭᠤ ᠭᠡᠨ᠎ᠡ ᠠ᠋⁈  ᠦᠨᠡᠨ ᠢ᠋ᠶ᠋ᠡᠷ ᠨᠢ ᠬᠡᠯᠡ᠂ ᠥᠴᠦᠬᠡᠨ ᠬᠤᠳᠠᠯ ᠬᠡᠯᠡᠭᠰᠡᠭᠡᠷ ᠴᠢᠮᠠᠶ᠋ᠢ ᠁ ᠭᠡᠰᠡᠨ ᠳ᠋ᠦ᠍ ᠵᠠᠩ ᠣᠪᠣᠭᠲᠤ ᠪᠠᠯᠠᠭ ᠠᠯᠳᠠᠵᠤ᠄
       — ᠦ᠊᠁ ᠦᠨᠡᠨ! ᠪᠢ᠂ ᠪᠢ  ᠁ ᠮᠡᠳᠡᠬᠦ ᠦᠭᠡᠢ ᠁ ᠦᠵ᠊᠁ ᠦᠵᠡᠭᠰᠡᠨ ᠦᠭᠡᠢ ᠭᠡᠵᠦ ᠦᠭᠡ ᠪᠡᠨ ᠣᠯᠢᠭᠲᠠᠢ ᠣᠯᠵᠤ ᠬᠡᠯᠡᠬᠦ ᠦᠭᠡᠢ ᠡᠭ ᠮᠡᠭ ᠭᠡᠬᠦ ᠳ᠋ᠦ᠍ ᠤᠳᠬᠤᠨ ᠰᠡᠵᠢᠭ ᠲᠥᠷᠥᠵᠦ ᠲᠡᠭᠦᠨ ᠢ᠋ ᠵᠠᠭᠠᠮᠠᠳᠠᠨ᠄ 
       — ᠠᠬ᠎ᠠ ᠲᠠᠨ ᠤ᠋ ᠡᠨᠡᠭᠦᠷ ᠢᠷᠡᠭᠡᠳ ᠮᠥᠷ ᠰᠤᠷᠠᠭ ᠲᠠᠰᠤᠷᠠᠴᠢᠬᠠᠯ᠎ᠠ᠃ ᠠᠬ᠎ᠠ ᠶ᠋ᠢ ᠮᠢᠨᠢ ᠶᠠᠭᠠᠬᠢᠭᠰᠠᠨ ᠢ᠋ᠶ᠋ᠠᠨ ᠲᠣᠳᠣᠷᠬᠠᠢ ᠬᠡᠯᠡᠵᠦ᠂ ᠦᠨᠡᠨ ᠢ᠋ᠶ᠋ᠡᠨ ᠲᠤᠰᠢᠶᠠᠬᠤ ᠦᠭᠡᠢ ᠪᠣᠯ ᠴᠢᠮ᠎ᠠ ᠮᠠᠭᠤ ᠶ᠋ᠢ ᠪᠢ ᠴᠢᠰᠤᠯᠠᠵᠤ ᠨᠣᠬᠠᠢ ᠲᠡᠵᠢᠭᠡᠨ᠎ᠡ ! ᠴᠢᠭᠢᠶᠡᠲᠦᠷᠦᠦ! ᠭᠡᠵᠦ ᠵᠠᠭᠠᠮ᠎ᠠ ᠠ᠋ᠴᠠ ᠨᠢ ᠳᠤᠭᠲᠤᠷᠤᠨ ᠡᠷᠭᠦᠬᠦ ᠳ᠋ᠦ᠍᠂ ᠬᠣᠶᠠᠷ ᠬᠥᠯ ᠨᠢ  ᠭᠠᠵᠠᠷ ᠠ᠋ᠴᠠ ᠲᠣᠬᠣᠢ ᠥᠨᠳᠥᠷ ᠡᠷᠭᠦᠭᠳᠡᠵᠦ ᠴᠢᠷᠠᠢ ᠳ᠋ᠤᠨᠢ ᠴᠢᠰᠤ ᠴᠢᠨᠦᠷᠡᠨ ᠮᠢᠨᠴᠢᠢᠪᠡ᠃ ᠵᠠᠩ ᠣᠪᠣᠭᠲᠤ ᠮᠣᠳᠣᠨ ᠳᠠᠷᠬᠠᠨ ᠠᠶᠤᠨ ᠪᠠᠯᠠᠳᠠᠵᠤ 《ᠡᠨᠡ ᠮᠣᠩᠭᠣᠯ ᠡᠷ᠎ᠡ ᠶ᠋ᠢᠨ ᠳᠣᠯᠭᠢᠨ ᠵᠠᠩ ᠳ᠋ᠤ᠌ ᠬᠢᠴᠢᠶᠡᠬᠦ ᠦᠭᠡᠢ ᠪᠣᠯ ᠠᠮᠢ ᠪᠠᠨ ᠳᠡᠮᠡᠢ ᠦᠷᠡᠭᠡᠴᠢᠭᠡᠬᠦ ᠶᠠᠳᠠᠬᠤ ᠦᠭᠡᠢ》ᠭᠡᠵᠦ ᠦᠬᠦᠲᠡᠯ᠎ᠡ ᠠᠶᠤᠵᠤ᠄ 
       — ᠪᠢ᠂ ᠬᠡᠯᠡᠶ᠎ᠡ! ᠪᠢ ᠬᠡᠯᠡᠶ᠎ᠡ ! ᠶᠠᠪᠤᠳᠠᠯ ᠤᠴᠢᠷ ᠮᠠᠭᠤ ᠪᠣᠯᠬᠤ ᠨᠢ ᠪᠣᠯᠤᠭᠰᠠᠨ ᠳᠠ! ᠨᠠᠷᠢᠨ ᠤᠴᠢᠷ ᠢ᠋ ᠬᠠᠷᠢᠨ ᠰᠠᠢᠨ ᠮᠡᠳᠡᠬᠦ ᠦᠭᠡᠢ ᠪᠠᠢᠨ᠎ᠠ! ᠭᠡᠵᠦ ᠨᠢᠭᠡ ᠪᠥᠭᠡᠷᠡᠩᠬᠡᠢ ᠶᠠᠭᠤᠮ᠎ᠠ ᠶᠠᠷᠢᠪᠠ᠃ 
       ᠤᠳᠬᠤᠨ᠂ ᠵᠠᠩ ᠣᠪᠣᠭᠲᠤ ᠮᠣᠳᠣᠨ ᠳᠠᠷᠬᠠᠨ ᠤ᠋ ᠠᠮᠠᠨ ᠠ᠋ᠴᠠ ᠰᠡᠵᠢᠭᠲᠡᠢ ᠶᠠᠭᠤᠮ᠎ᠠ ᠣᠯᠵᠤ ᠰᠣᠨᠣᠰᠤᠭᠰᠠᠨ ᠪᠣᠯᠪᠠᠴᠤ ᠲᠡᠷᠡ ᠵᠣᠯᠢᠭ ᠠᠮᠠᠨ ᠥᠴᠢᠭ ᠢ᠋ᠶ᠋ᠡᠨ ᠣᠯᠢᠭᠲᠠᠢ ᠥᠭᠬᠦ ᠦᠭᠡᠢ ᠪᠣᠯᠬᠣᠷ ᠥᠨᠥᠬᠢ ᠶ᠋ᠢ ᠠᠲᠤᠷᠢᠲᠠᠯ᠎ᠠ ᠬᠦᠯᠢᠵᠦ《ᠴᠢ ᠮᠠᠭᠤ ᠴᠢᠰᠤ ᠨᠠᠳᠠ ᠠᠮᠠᠨ ᠥᠴᠢᠭ ᠢ᠋ᠶ᠋ᠡᠨ ᠥᠭᠬᠦ ᠦᠭᠡᠢ ᠪᠣᠯ ᠪᠠᠢᠭ! ᠠᠮᠠᠨ ᠥᠴᠢᠭ ᠢ᠋ ᠴᠢᠨᠢ ᠠᠪᠳᠠᠭ ᠡᠷᠯᠢᠭ ᠦ᠋ᠨ ᠭᠠᠵᠠᠷ ᠠᠪᠠᠴᠢᠵᠤ ᠥᠭᠪᠡᠯ᠂ ᠲᠡᠷᠡ ᠦᠶ᠎ᠡ ᠳ᠋ᠦ᠍ ᠴᠢ ᠶᠠᠭᠠᠬᠢᠬᠤ ᠪᠠᠨ ᠮᠡᠳᠡᠨ᠎ᠡ ᠪᠣᠢ!》 ᠭᠡᠵᠦ ᠬᠦᠩ ᠦ᠋ᠨ ᠶᠠᠮᠤᠨ ᠵᠦᠭ ᠬᠥᠲᠥᠯᠦᠭᠰᠡᠨ ᠳ᠋ᠦ᠍ ᠥᠨᠥᠬᠢ ᠵᠠᠩ ᠣᠪᠣᠭᠲᠤ ᠮᠣᠳᠣᠨ ᠳᠠᠷᠬᠠᠨ ᠠᠮᠢ ᠶ᠋ᠢ ᠨᠢ ᠬᠣᠷᠣᠭᠠᠴᠢᠬᠠᠬᠤ ᠠ᠋ᠴᠠ ᠠᠶᠤᠭᠰᠠᠨ ᠳ᠋ᠠᠭᠠᠨ ᠪᠢᠵᠡ᠂ ᠥᠮᠥᠳᠥᠨ ᠳ᠋ᠡᠭᠡᠨ ᠰᠢᠭᠡᠰᠦ ᠠᠯᠲᠠᠨ 《ᠠᠶ᠎ᠠ! ᠠᠮᠢ ᠶ᠋ᠢ ᠮᠢᠨᠢ ᠦᠯᠡᠳᠡᠴᠢᠬᠡ》᠂ 《ᠪᠢ ᠦᠨᠡᠨ ᠢ᠋ᠶ᠋ᠡᠨ ᠬᠡᠯᠡᠶ᠎ᠡ!᠁》 ᠭᠡᠵᠦ ᠵᠠᠮ ᠤ᠋ᠨ ᠲᠤᠭᠤᠰᠢ ᠣᠷᠢᠯᠠᠨ ᠴᠢᠷᠠᠯᠠᠨ ᠶᠠᠪᠤᠪᠠ᠃ 
       ᠬᠡᠳᠦ ᠬᠣᠨᠣᠭ ᠤ᠋ᠨ ᠬᠢᠨᠢ ᠳᠠᠷᠠᠭ᠎ᠠ᠂ ᠯᠢ ᠲᠤᠸᠠᠨᠵᠠᠩ ᠬᠡᠳᠦ ᠬᠡᠳᠦᠨ ᠫᠤᠤ ᠵᠡᠪᠰᠡᠭ ᠲᠡᠢ ᠳᠠᠭᠠᠯᠲᠠ ᠴᠡᠷᠢᠭ ᠳᠠᠭᠠᠭᠤᠯᠵᠤ᠂ ᠶᠡᠬᠡ ᠯᠡ ᠰᠦᠷ ᠪᠠᠳᠠᠷᠠᠭᠤᠯᠤᠨ ᠬᠣᠰᠢᠭᠤ ᠬᠦᠩ ᠦ᠋ᠨ ᠶᠠᠮᠤᠨ ᠳᠡᠭᠡᠷ᠎ᠡ ᠬᠦᠷᠴᠦ ᠢᠷᠡᠪᠡ᠃ ᠲᠡᠷᠡ ᠡᠳᠦᠷ ᠬᠦᠩ ᠦ᠋ᠨ ᠶᠠᠮᠤᠨ ᠳ᠋ᠤ᠌ ᠸᠴᠢᠷᠪᠠᠲᠤ ᠲᠤᠸᠠᠨᠵᠠᠩ ᠶᠠᠮᠤᠨ ᠤ᠋ ᠵᠢᠰᠢᠶᠡᠨ ᠳ᠋ᠦ᠍ ᠰᠠᠭᠤᠵᠤ ᠬᠡᠷᠡᠭ ᠵᠠᠷᠭᠤ ᠰᠢᠢᠳᠬᠡᠵᠦ ᠪᠠᠢᠵᠠᠢ᠃ ᠬᠦᠩ ᠦ᠋ᠨ ᠶᠠᠮᠤᠨ ᠴᠥᠭᠡᠪᠲᠦᠷ ᠴᠡᠷᠢᠭ ᠲᠡᠢ ᠠᠭᠰᠠᠨ ᠴᠦ᠍ ᠸᠴᠢᠷᠪᠠᠲᠤ ᠲᠤᠸᠠᠨᠵᠠᠩ ᠡᠨᠡ ᠬᠦ᠌ ᠰᠦᠷ ᠪᠠᠳᠠᠷᠠᠭᠤᠯᠤᠨ ᠢᠷᠡᠭᠰᠡᠨ ᠯᠢ ᠲᠤᠸᠠᠨᠵᠠᠩ ᠠ᠋ᠴᠠ ᠥᠴᠦᠬᠡᠨ ᠴᠦ᠍ ᠠᠶᠤᠨ ᠭᠡᠯᠮᠡᠭᠳᠡᠭᠰᠡᠨ ᠦᠭᠡᠢ᠂ ᠳᠣᠣᠷᠠᠬᠢ ᠬᠥᠮᠦᠰ ᠢ᠋ᠶ᠋ᠡᠷ ᠢ᠋ᠶ᠋ᠡᠨ ᠯᠢ ᠲᠤᠸᠠᠨᠵᠠᠩ ᠢ᠋ ᠤᠭᠲᠤᠭᠣᠯᠵᠤ᠂ ᠵᠡᠭᠦᠨ ᠤᠷᠲᠤ ᠳ᠋ᠠᠭᠠᠨ ᠣᠷᠣᠭᠤᠯᠵᠤ ᠵᠠᠩ ᠣᠪᠣᠭᠲᠤ ᠮᠣᠳᠣᠨ ᠳᠠᠷᠬᠠᠨ ᠢ᠋ ᠭᠠᠷᠭᠠᠵᠤ ᠥᠭᠬᠦ ᠪᠠ ᠡᠰᠡᠬᠦ ᠲᠤᠬᠠᠢ ᠬᠡᠯᠡᠯᠴᠡᠭᠡᠷ ᠬᠢᠯᠭᠡᠪᠡ᠃ 
       ᠸᠴᠢᠷᠪᠠᠲᠤ ᠲᠤᠸᠠᠨᠵᠠᠩ ᠳᠣᠣᠷᠠᠬᠢ ᠬᠥᠮᠦᠰ ᠲᠡᠭᠡᠨ《ᠰᠠᠷᠠᠩᠸᠠᠩᠴᠣᠭ ᠤ᠋ᠨ ᠬᠣᠣᠷᠯᠠᠭᠳᠠᠭᠰᠠᠨ ᠤᠴᠢᠷ ᠶᠠᠪᠤᠳᠠᠯ ᠢ᠋ ᠲᠣᠳᠣᠯᠠᠬᠤ ᠠ᠋ᠴᠠ ᠡᠮᠦᠨ᠎ᠡ ᠵᠠᠩ ᠣᠪᠣᠭᠲᠤ ᠮᠣᠳᠣᠨ ᠳᠠᠷᠬᠠᠨ ᠢ᠋ ᠯᠢ ᠲᠤᠸᠠᠨᠵᠠᠩ ᠳ᠋ᠤ᠌ ᠥᠭᠴᠦ ᠶᠠᠪᠤᠭᠤᠯᠵᠤ ᠪᠣᠯᠬᠤ ᠦᠭᠡᠢ》 ᠭᠡᠵᠦ ᠴᠢᠩᠭ᠎ᠠ ᠲᠤᠰᠢᠶᠠᠭᠠᠳ ᠥᠪᠡᠷ ᠢ᠋ᠶ᠋ᠡᠨ ᠭᠣᠣᠯ ᠤᠷᠲᠤ ᠳ᠋ᠠᠭᠠᠨ ᠠᠷᠢᠬᠢ ᠤᠤᠭᠤᠵᠤ ᠪᠠᠢᠳᠠᠯ ᠢ᠋ ᠴᠢᠩᠨᠠᠵᠤ ᠰᠠᠭᠤᠪᠠ᠃ 
        ᠁  
       ᠬᠡᠰᠡᠭ ᠮᠠᠷᠭᠤᠯᠳᠤᠪᠠ᠃ ᠭᠡᠨᠡᠳᠲᠡ ᠯᠢ ᠲᠤᠸᠠᠨᠵᠠᠩ᠄ 
       — ᠲᠠ ᠨᠠᠷ ᠮᠢᠨᠦ ᠲᠠᠷᠢᠶᠠᠨ ᠤ᠋ ᠬᠥᠮᠦᠨ ᠢ᠋ ᠶᠠᠭᠤ ᠭᠡᠵᠦ ᠳᠤᠷ᠎ᠠ ᠲᠠᠪᠠ ᠪᠠᠷ ᠢ᠋ᠶ᠋ᠠᠨ ᠤᠤᠯᠭᠠᠯᠠᠳᠠᠭ ᠪᠣᠢ?ᠬᠤᠷᠳᠤᠨ ᠳᠡᠯᠪᠢ! ᠭᠡᠵᠦ ᠠᠭᠰᠤᠮᠨᠠᠨ᠎ᠠ᠃ 
       — ᠮᠠᠨ ᠤ᠋ ᠬᠥᠮᠦᠨ ᠢ᠋ ᠡᠰᠡᠨ ᠮᠡᠨᠳᠦ ᠠᠪᠴᠢᠷᠠᠪᠠᠯ᠂ ᠲᠠᠨ ᠤ᠋ ᠬᠥᠮᠦᠨ ᠢ᠋ ᠴᠢᠨᠢ ᠥᠭᠭᠦᠶ᠎ᠡ! 
       — ᠮᠠᠨ ᠤ᠋ ᠬᠥᠮᠦᠨ ᠢ᠋ ᠡᠰᠡᠨ ᠮᠡᠨᠳᠦ᠁ ᠠᠪᠴᠢᠷᠠᠪᠠᠯ ᠭᠡᠨ᠎ᠡ? ᠶᠠᠭᠤᠨ ᠤ᠋ ᠬᠥᠮᠦᠨ⁈ ᠭᠡᠵᠦ ᠯᠢ ᠲᠤᠸᠠᠨᠵᠠᠩ ᠡᠰᠡ ᠮᠡᠳᠡᠭᠰᠡᠨ ᠲᠣᠯᠣᠭᠠᠢᠯᠠᠵᠤ ᠪᠠᠭᠠᠰᠢᠯᠠᠭᠰᠠᠨ ᠢ᠋ᠶ᠋ᠠᠨ ᠭᠡᠨᠡᠳᠲᠡ《ᠬᠠ᠁ ᠬᠠ》 ᠭᠡᠵᠦ ᠬᠠᠳᠠᠭᠠᠨᠠᠨ ᠢᠨᠢᠶᠡᠨ᠎ᠡ᠃ 
       — ᠪᠢᠲᠡᠭᠡᠢ ᠪᠠᠰᠢᠷᠯᠠᠭᠠᠳ ᠪᠠᠢ! ᠮᠠᠨ ᠤ᠋ ᠪᠠᠷᠠᠭᠤᠨ ᠬᠦᠩ ᠦ᠋ᠨ ᠵᠡᠭᠦᠨ ᠥᠯᠵᠡᠢ ᠶ᠋ᠢᠨ ᠭᠣᠣᠯ ᠤ᠋ᠨ ᠰᠠᠷᠠᠩᠸᠠᠩᠴᠤᠭ ᠭᠤᠸᠠᠢ ᠶ᠋ᠢ ᠲᠠ ᠨᠠᠷ ᠬᠣᠣᠷᠯᠠᠭᠰᠠᠨ! 
       — ᠪᠢᠲᠡᠭᠡᠢ ᠣᠩᠭᠣᠰᠤ ᠠᠯᠲᠠ! ᠭᠡᠵᠦ ᠯᠢ ᠲᠤᠸᠠᠨᠵᠠᠩ ᠭᠡᠨᠡᠳᠲᠡ ᠫᠠᠰ ᠬᠢᠲᠡᠯ᠎ᠡ ᠰᠢᠷᠡᠭᠡ ᠠᠯᠠᠭᠠᠳᠠᠨ᠎ᠠ᠃ 
       — ᠬᠡᠩ! ᠬᠡᠨ ᠨᠢ ᠴᠣᠬᠣᠮ ᠬᠡᠢ ᠭᠠᠵᠠᠷ ᠤᠩᠭᠤᠰᠤ ᠠᠯᠳᠠᠪᠠ? ᠲᠠ ᠨᠠᠷ ᠮᠠᠨ ᠤ᠋ ᠬᠦᠩ ᠦ᠋ᠨ ᠮᠠᠯᠴᠢᠨ ᠰᠠᠷᠠᠩᠸᠠᠩᠴᠤᠭ ᠤ᠋ᠨ ᠬᠣᠣᠷᠯᠠᠭᠳᠠᠭᠰᠠᠨ ᠤᠴᠢᠷ ᠢ᠋ ᠲᠣᠳᠣᠯᠠᠬᠤ ᠦᠭᠡᠢ ᠪᠣᠯ ᠥᠪᠡᠷ ᠦ᠋ᠨ ᠬᠥᠮᠦᠨ ᠢ᠋ᠶ᠋ᠡᠨ ᠭᠠᠷᠭᠠᠵᠤ ᠠᠪᠠᠴᠢᠶ᠎ᠠ ᠭᠡᠰᠡᠨ ᠰᠠᠨᠠᠭ᠎ᠠ ᠪᠠᠨ ᠬᠤᠷᠢᠶᠠᠴᠢᠬ᠎ᠠ! ᠶᠠᠭᠠᠬᠢᠨ᠎ᠠ ᠭᠡᠪᠡᠯ ᠶᠠᠭᠠᠬᠢᠴᠢᠬᠠᠳᠠᠭ ᠭᠡᠵᠦ ᠪᠢᠲᠡᠭᠡᠢ ᠬᠣᠭᠣᠰᠣᠨ ᠭᠣᠷᠢᠳᠠ! ᠭᠡᠵᠦ ᠬᠦᠩ ᠦ᠋ᠨ ᠶᠠᠮᠤᠨ ᠤ᠋ ᠲᠠᠯ᠎ᠠ ᠶ᠋ᠢᠨ ᠬᠡᠯᠡᠯᠴᠡᠭᠡᠷ ᠦ᠋ᠨ ᠵᠠᠩᠭᠢ ᠭᠡᠵᠦ ᠯᠢ ᠲᠤᠸᠠᠨᠵᠠᠩ ᠳ᠋ᠤ᠌ ᠮᠥᠴᠡᠭᠡ ᠪᠡᠨ ᠥᠭᠬᠦ ᠦᠭᠡᠢ ᠭᠡᠵᠦ ᠮᠠᠷᠭᠤᠭᠰᠠᠨ ᠳ᠋ᠤ᠌᠂ ᠯᠢ ᠲᠤᠸᠠᠨᠵᠠᠩ ᠠᠭᠤᠷᠯᠠᠵᠤ《ᠮᠠᠭᠤᠰᠠᠢᠨ ᠦᠬᠡᠷ ᠲᠡᠨᠡᠭ ᠦ᠋ᠳ᠁》 ᠶᠠᠭᠠᠬᠢᠯ᠎ᠠ ᠢᠢᠯ᠎ᠡ ᠭᠡᠵᠦ ᠡᠯᠳᠡᠪ ᠡᠰᠡᠨ ᠢ᠋ᠶ᠋ᠡᠷ ᠬᠠᠷᠢᠶᠠᠯ ᠲᠠᠯᠪᠢᠨ᠎ᠠ᠃ 
       ᠸᠴᠢᠷᠪᠠᠲᠤ ᠡᠨᠡ ᠪᠦᠬᠦᠨ ᠢ᠋ ᠭᠣᠣᠯ ᠤᠷᠲᠤ ᠠ᠋ᠴᠠ ᠲᠣᠳᠣᠷᠬᠠᠢ ᠰᠣᠨᠣᠰᠴᠤ᠂ ᠡᠭᠳᠡᠭᠦᠦ ᠨᠢ ᠬᠥᠳᠡᠯᠬᠦ ᠳ᠋ᠡᠭᠡᠨ ᠪᠡᠬᠡ ᠵᠢᠭᠤᠷᠠᠨ ᠪᠢᠷ ᠢᠳᠡᠭᠦᠯᠵᠦ ᠨᠢᠭᠡ ᠬᠡᠰᠡᠭ  ᠮᠣᠣᠲᠤᠤ ᠴᠠᠭᠠᠰᠤᠨ ᠳᠡᠭᠡᠷ᠎ᠡ《ᠯᠢ ᠶ᠋ᠢ ᠲᠣᠨᠢᠯᠭ᠎ᠠ!》 ᠭᠡᠵᠦ ᠪᠢᠴᠢᠪᠡ᠃《ᠮᠠᠭᠤ ᠯᠢ ᠲᠤᠸᠠᠨᠵᠠᠩ ᠴᠢ ᠪᠠᠷᠤᠭᠲᠠᠢᠬᠠᠨ ᠶᠠᠩ ᠶᠠᠩ ᠭᠡᠵᠦ ᠳᠡᠮᠡᠢ ᠬᠤᠴᠠᠭᠠᠳ ᠪᠠᠢ᠃ ᠴᠢ ᠨᠠᠳᠠ ᠪᠠᠭ᠎ᠠ ᠯᠠ ᠰᠡᠪ ᠭᠠᠷᠭᠠᠭᠠᠳ ᠠᠯᠢ! ᠡᠨᠡ ᠡᠴᠢᠭᠡ ᠴᠢᠨᠢ ᠴᠢᠮᠠᠶ᠋ᠢ ᠭᠠᠭᠴᠠᠬᠠᠨ ᠰᠤᠮᠤᠨ ᠳᠡᠭᠡᠷ᠎ᠡ ᠭᠠᠪᠠᠯᠠ ᠶ᠋ᠢ ᠴᠢᠨᠢ ᠰᠡᠬᠦᠨ᠎ᠡ ᠰᠢᠦ!》 ᠭᠡᠵᠦ ᠠᠭᠤᠷ ᠬᠢᠯᠢᠩ ᠢ᠋ᠶ᠋ᠡᠨ ᠲᠡᠪᠴᠢᠨ ᠶᠠᠳᠠᠵᠤ ᠠᠲᠠᠯ᠎ᠠ ᠭᠠᠳᠠᠨ᠎ᠠ᠄ 
       — ᠲᠠ ᠨᠠᠷ ᠵᠠᠩ ᠮᠣᠳᠣᠨ ᠳᠠᠷᠬᠠᠨ ᠢ᠋ ᠮᠢᠨᠢ ᠨᠠᠳᠠ ᠭᠠᠷᠭᠠᠵᠤ ᠥᠭᠬᠦ ᠦᠭᠡᠢ ᠪᠣᠯ ᠥᠨᠥᠳᠥᠷ ᠡᠨᠡ ᠡᠴᠢᠭᠡ ᠴᠢᠨᠢ ᠬᠠᠷᠢᠨ ᠨᠢᠭᠡ《ᠦᠬᠡᠷ ᠦᠨ ᠱᠥᠯᠥ ᠤᠤᠭᠤᠴᠢᠬᠠᠶ᠎ᠠ!》 ᠭᠡᠵᠦ ᠬᠡᠯᠡᠩᠭᠡᠨ ᠫᠤᠤ ᠪᠠᠨ ᠰᠤᠭᠤᠯᠵᠤ ᠬᠦᠩ ᠦ᠋ᠨ ᠬᠡᠯᠡᠯᠴᠡᠭᠡᠷ ᠦ᠋ᠨ ᠵᠠᠩᠭᠢ ᠶ᠋ᠢᠨ ᠲᠣᠯᠣᠭᠠᠢ ᠳᠡᠭᠡᠭᠦᠷ ᠫᠠᠩ ᠭᠡᠲᠡᠯ᠎ᠡ ᠫᠤᠤᠳᠠᠪᠠ᠃ 
       ᠸᠴᠢᠷᠪᠠᠲᠤ ᠲᠤᠸᠠᠨᠵᠠᠩ ᠫᠤᠤ ᠶ᠋ᠢᠨ ᠳᠠᠭᠤᠨ ᠢ᠋ᠶ᠋ᠠᠷ ᠭᠣᠰ ᠦᠰᠦᠷᠦᠨ ᠪᠣᠰᠴᠤ《ᠴᠢᠭᠢᠶᠡᠲᠦᠷᠦᠦ᠂ ᠬᠡᠲᠦᠷᠡᠭᠰᠡᠨ ᠮᠠᠭᠤ ᠰᠠᠢᠨ ᠵᠠᠨᠠᠭ ᠤ᠋ᠳ ᠢ᠋ ᠬᠤᠢ!(ᠦᠬᠡᠷ ᠦ᠋ᠨ ᠱᠥᠯᠥ) ᠤᠤᠭᠤᠨ᠎ᠠ ᠭᠡᠨ᠎ᠡ ᠤᠤ⁈ ᠲᠠ ᠨᠠᠷ ᠤ᠋ᠨ ᠶᠠᠭᠠᠬᠢᠵᠤ (ᠦᠬᠡᠷ ᠦ᠋ᠨ ᠱᠥᠯᠥ)  ᠤᠤᠭᠤᠳᠠᠭ ᠢ᠋ ᠴᠢᠨᠢ ᠦᠵᠡᠶ᠎ᠡ! ᠡᠨᠡ ᠡᠴᠢᠭᠡ ᠴᠢᠨᠢ ᠡᠯᠵᠢᠭᠡᠨ ᠰᠢᠷᠪᠥᠰᠥ ᠶ᠋ᠢ ᠴᠢᠨᠢ ᠰᠤᠭᠤᠯᠤᠶ᠎ᠠ ᠭᠡᠵᠦ ᠰᠠᠨᠠᠵᠤ ᠪᠠᠢᠨ᠎ᠠ!》 ᠭᠡᠵᠦ ᠭᠣᠣᠯ ᠤᠷᠲᠤ ᠠ᠋ᠴᠠ ᠪᠠᠨ ᠭᠦᠶᠦᠨ ᠭᠠᠷᠴᠤ᠂ ᠱᠣᠩ ᠤ᠋ᠨ ᠬᠠᠵᠠᠭᠤ ᠳ᠋ᠤ᠌ ᠮᠠᠨᠠᠭ᠎ᠠ ᠵᠣᠭᠰᠣᠭᠰᠠᠨ ᠨᠢᠭᠡ ᠶ᠋ᠢ ᠨᠢ ᠫᠤᠤᠳᠠᠵᠤ ᠤᠨᠠᠭᠠᠪᠠ᠃ 
       ᠭᠠᠳᠠᠨ᠎ᠠ ᠫᠤᠤ ᠳᠤᠤᠭᠠᠷᠤᠭᠰᠠᠨ ᠳ᠋ᠤ᠌ ᠵᠡᠭᠦᠨ ᠤᠷᠲᠤ ᠠ᠋ᠴᠠ ᠯᠢ ᠲᠤᠸᠠᠨᠵᠠᠩ《ᠶᠠᠭᠤ ᠪᠣᠯᠴᠢᠬᠠᠪᠠ?》 ᠭᠡᠵᠦ ᠰᠠᠨᠳᠤᠷᠤᠨ ᠭᠠᠷᠴᠤ ᠢᠷᠡᠩᠭᠦᠲᠡ᠂ ᠸᠴᠢᠷᠪᠠᠲᠤ ᠲᠡᠭᠦᠨ ᠢ᠋《ᠶᠠᠭᠤ᠁》 ᠭᠡᠵᠦ ᠤᠬᠠᠭᠠᠨ ᠬᠥᠯ ᠢ᠋ ᠨᠢ ᠣᠯᠬᠤ ᠠ᠋ᠴᠠ ᠡᠮᠦᠨ᠎ᠡ ᠫᠠᠩ ᠭᠡᠵᠦ ᠫᠤᠤᠳᠠᠭᠰᠠᠨ ᠳ᠋ᠤ᠌ ᠯᠢ ᠲᠤᠸᠠᠨᠵᠠᠩ ᠤ᠋ᠨ ᠲᠠᠷᠢᠬᠢ ᠨᠢ ᠰᠠᠴᠤᠭᠳᠠᠵᠠᠢ᠁ 
       — ᠠᠷᠠᠰᠤᠨ ᠳ᠋ᠠᠭᠠᠨ ᠪᠠᠭᠲᠠᠬᠤ ᠦᠭᠡᠢ ᠬᠤᠴᠠᠳᠠᠭ ᠮᠠᠭᠤ ᠰᠠᠢᠨ ᠵᠠᠨᠠᠭ ᠤ᠋ᠳ᠁ᠢᠩᠭᠢᠵᠦ(ᠦᠬᠡᠷ ᠦ᠋ᠨ ᠱᠥᠯᠥ)  ᠤᠤᠭᠤᠳᠠᠭ ᠶᠤᠮ ᠪᠠᠢᠨ᠎ᠠ ᠭᠡᠵᠦ ᠸᠴᠢᠷᠪᠠᠲᠤ ᠲᠤᠸᠠᠨᠵᠠᠩ ᠬᠠᠷᠢᠶᠠᠯ ᠲᠠᠯᠪᠢᠨ ᠨᠥᠭᠦᠭᠡ ᠬᠡᠳᠦᠨ ᠳᠠᠭᠠᠯᠳᠤᠭᠰᠠᠨ ᠴᠡᠷᠢᠭ ᠦ᠋ᠳ ᠦ᠋ᠨ ᠫᠤᠤ ᠵᠡᠪᠰᠡᠭ ᠢ᠋ ᠬᠤᠷᠢᠶᠠᠵᠤ ᠱᠣᠷᠣᠩ ᠳ᠋ᠤ᠌ ᠴᠢᠬᠢᠪᠡ᠃ 
         ᠁ 
       — ᠠ᠂ ᠲᠡᠭᠡᠪᠡᠯ ᠮᠠᠨᠴᠤᠷᠭ᠎ᠠ ᠶ᠋ᠢ ᠪᠠᠷᠠᠭᠤᠨ ᠭᠠᠷ ᠤ᠋ᠨ ᠲᠤᠸᠠᠨᠵᠠᠩ ᠢ᠋ᠶ᠋ᠠᠷ᠁ ᠭᠡᠵᠦ ᠬᠡᠯᠡᠲᠡᠯ᠎ᠡ ᠭᠠᠳᠠᠨ᠎ᠠ ᠠ᠋ᠴᠠ ᠥᠯᠵᠡᠢᠰᠡᠩ ᠣᠷᠣᠵᠤ ᠢᠷᠡᠨ᠂ ᠠᠭᠸᠠᠩ ᠨᠣᠶᠠᠨ ᠤ᠋ ᠴᠢᠬᠢᠨ ᠳ᠋ᠦ᠍ ᠨᠢᠭᠡ ᠶᠠᠭᠤᠮ᠎ᠠ ᠰᠢᠪᠡᠨᠡᠭᠡᠳ ᠭᠠᠷᠴᠤ ᠶᠠᠪᠤᠪᠠ᠃  
       ᠡᠯᠳᠡᠩᠭᠡ᠂ ᠥᠯᠵᠡᠢᠰᠡᠩ ᠦ᠋ᠨ ᠠᠷᠤ ᠠ᠋ᠴᠠ ᠵᠠᠨᠤᠯᠲᠠᠢᠬᠠᠨ ᠰᠢᠷᠲᠡᠵᠦ《ᠡᠨᠡ ᠮᠠᠭᠤ ᠬᠦᠢᠲᠡᠨ ᠴᠢᠷᠠᠢ ᠲᠠᠢ ᠠᠮᠢᠲᠠᠨ ᠪᠠᠰᠠ ᠬᠦᠩ ᠦ᠋ᠨ ᠴᠡᠷᠢᠭ ᠦ᠋ᠨ ᠲᠤᠸᠠᠨᠵᠠᠩ ᠳ᠋ᠤ᠌ ᠰᠠᠨᠠᠭᠠᠷᠬᠠᠵᠤ᠂ ᠪᠥᠭᠰᠡᠨ ᠳ᠋ᠡᠭᠡᠨ ᠬᠦᠷᠬᠦ ᠦᠭᠡᠢ ᠭᠠᠷ ᠢ᠋ᠶ᠋ᠠᠨ ᠲᠩᠷᠢ ᠥᠭᠡᠳᠡ ᠰᠠᠷᠪᠠᠢᠳᠠᠭ ᠮᠠᠭᠤ ᠵᠣᠯᠢᠭ ᠶᠤᠮ ᠠ᠋!》 ᠭᠡᠵᠦ ᠳᠣᠲᠣᠷ᠎ᠠ ᠪᠠᠨ ᠵᠦᠬᠡᠪᠡ᠃ 
       — ᠲᠤᠰᠠᠯᠠᠭᠴᠢ ᠶ᠋ᠢᠨ ᠶᠡᠬᠡ ᠠᠭᠡ ᠮᠠᠨᠴᠤᠷᠭ᠎ᠠ ᠲᠠᠢ ᠪᠢ ᠶᠡᠷᠦ ᠨᠢᠭᠤᠷ ᠤᠴᠠᠷᠠᠭ᠎ᠠ ᠦᠭᠡᠢ ᠶᠦᠮ ᠳᠡ! ᠭᠡᠵᠦ ᠠᠭᠸᠠᠩ ᠨᠣᠶᠠᠨ ᠬᠡᠯᠡᠭᠰᠡᠨ ᠳ᠋ᠦ᠍ ᠡᠯᠳᠡᠩᠭᠡ᠄ 
       — ᠠᠭᠸᠠᠩ ᠨᠣᠶᠠᠨ ᠮᠠᠨᠴᠤᠷᠭ᠎ᠠ ᠲᠠᠢ ᠠᠭᠤᠯᠵᠠᠬᠤ ᠰᠠᠨ ᠪᠣᠯ ᠶᠠᠮᠤᠨ ᠤ᠋ ᠲᠠᠬᠠᠷ ᠭᠦᠶᠦᠯᠭᠡᠵᠦ ᠲᠡᠭᠦᠨ ᠢ᠋ ᠳᠠᠭᠤᠳᠠᠭᠤᠯᠤᠶ᠎ᠠ! ᠭᠡᠵᠡᠢ᠃ 
       — ᠮᠠᠨᠴᠤᠷᠭ᠎ᠠ ᠣᠳᠣ ᠬᠠᠮᠢᠭ᠎ᠠ ᠪᠠᠢᠬᠤ ᠶᠤᠮ⁈
       — ᠮᠡᠳᠡᠬᠦ ᠦᠭᠡᠢ᠂ ᠴᠣᠬᠣᠮ ᠬᠠᠮᠢᠭᠠᠭᠤᠷ ᠪᠠᠢᠳᠠᠭ ᠪᠣᠯ? 
       ᠭᠡᠷ ᠦ᠋ᠨ ᠪᠠᠷᠠᠭ᠎ᠠ ᠬᠠᠷᠠᠭᠰᠠᠨ ᠦᠭᠡᠢ ᠤᠳᠠᠯ᠎ᠠ᠃ 
       — ᠪᠣᠳᠣᠪᠠᠯ ᠴᠦ᠍ ᠪᠠᠰᠠ ᠡᠴᠢᠭᠡ ᠶ᠋ᠢᠨ ᠵᠢᠰᠦ ᠲᠥᠯᠥᠪ᠂ ᠤᠬᠠᠭᠠᠨ ᠰᠠᠨᠠᠭ᠎ᠠ ᠶ᠋ᠢ ᠥᠪᠴᠢᠵᠦ ᠲᠥᠷᠥᠭᠰᠡᠨ ᠰᠠᠢᠨ ᠡᠷ᠎ᠡ ᠶ᠋ᠢᠨ ᠨᠢᠭᠡ ᠪᠠᠢᠬ᠎ᠠ! ᠭᠡᠵᠦ ᠠᠭᠸᠠᠩ ᠨᠣᠶᠠᠨ ᠡᠯᠳᠡᠩᠭᠡ ᠶ᠋ᠢᠨ ᠰᠠᠨᠠᠭᠠᠨ ᠳ᠋ᠤ᠌ ᠵᠣᠬᠢᠴᠠᠭᠤᠯᠤᠭᠰᠠᠨ ᠶᠠᠭᠤᠮ᠎ᠠ ᠶᠠᠷᠢᠵᠤ ᠢᠨᠢᠶᠡᠪᠬᠢᠯᠡᠭᠰᠡᠨ ᠳ᠋ᠦ᠍ ᠡᠯᠳᠡᠩᠭᠡ᠄ 
       — ᠠᠭᠸᠠᠩ ᠨᠣᠶᠠᠨ ᠲᠠ ᠪᠡᠶ᠎ᠡ ᠪᠡᠷ ᠢ᠋ᠶ᠋ᠡᠨ ᠲᠡᠭᠦᠨ ᠲᠡᠢ ᠠᠭᠤᠯᠵᠠᠪᠠᠯ ᠮᠡᠳᠡᠨ᠎ᠡ ᠳᠠ! ᠭᠡᠵᠦ ᠭᠡᠭ ᠭᠡᠭ ᠬᠢᠨ ᠢᠨᠢᠶᠡᠪᠡ᠁  

— — — —
① ᠨᠢᠭᠡ ᠵᠦᠢᠯ ᠦ᠋ᠨ ᠲᠦᠷᠭᠡᠨ ᠫᠤᠤ  


          ᠦᠰᠦᠭ ᠠᠮᠢᠯᠠᠭᠤᠯᠤᠭᠰᠠᠨ ᠨᠢ᠄  ᠴᠣᠯᠮᠣᠨᠲᠤᠶᠠᠭ᠎ᠠ