ᠰᠤᠷᠬᠠᠭᠲᠠᠨᠢ ᠪᠡᠬᠢ ᠬᠠᠲᠤᠨ-ᠪᠢᠮᠪᠠ ᠶ᠋ᠢᠨ ᠰᠠᠷᠠᠨᠲᠤᠶᠠᠭ᠎ᠠ-ᠵᠢᠷᠭᠤᠳᠤᠭᠠᠷ ᠪᠦᠯᠦᠭ᠂ ᠣᠷᠣᠭ᠎ᠠ ᠪᠤᠰᠬᠠᠭ᠎ᠠ ᠣᠨ ᠵᠢᠯ ᠦ᠋ᠳ ᠦ᠋ᠨ ᠲᠥᠭᠡᠷᠭᠡСорхугтани бэх хатан-Бямбын Сарантуяа
ᠵᠢᠷᠭᠤᠳᠤᠭᠠᠷ ᠪᠦᠯᠦᠭ᠂ ᠣᠷᠣᠭ᠎ᠠ ᠪᠤᠰᠬᠠᠭ᠎ᠠ ᠣᠨ ᠵᠢᠯ ᠦ᠋ᠳ ᠦ᠋ᠨ ᠲᠥᠭᠡᠷᠭᠡ
ᠨᠢᠭᠡᠨ ᠴᠠᠭ ᠤ᠋ᠨ ᠥᠷᠥᠰᠢᠶᠡᠯᠲᠦ ᠶᠡᠬᠡ ᠬᠠᠭᠠᠨ ᠥᠭᠡᠳᠡᠢ ᠮᠥᠩᠬᠡ ᠲᠩᠷᠢ ᠶ᠋ᠢᠨ ᠳᠠᠭᠤᠳᠠᠯᠭ᠎ᠠ ᠪᠠᠷ
ᠪᠤᠴᠠᠨ ᠣᠳᠤᠭᠰᠠᠨ ᠲᠤᠯᠠ ᠳᠠᠷᠠᠭ᠎ᠠ ᠶ᠋ᠢᠨ ᠬᠠᠭᠠᠨ ᠰᠢᠷᠡᠭᠡᠨ ᠳ᠋ᠡᠭᠡᠨ ᠵᠠᠯᠠᠷᠠᠬᠤ ᠬᠦᠷᠲᠡᠯ᠎ᠡ ᠵᠠᠩᠰᠢᠯ ᠶᠣᠰᠣᠭᠠᠷ ᠳᠦᠷᠭᠡᠨ᠎ᠡ ᠶᠡᠬᠡ ᠬᠠᠲᠤᠨ ᠲᠥᠷᠥ ᠶ᠋ᠢᠨ ᠬᠡᠷᠡᠭ ᠢ᠋ ᠶᠠᠪᠤᠭᠤᠯᠵᠤ ᠡᠵᠡᠨᠲᠦ ᠤᠯᠤᠰ ᠢ᠋ᠶ᠋ᠠᠨ ᠵᠠᠬᠢᠷᠤᠨ ᠰᠠᠭᠤᠬᠤ ᠪᠣᠯᠤᠯ᠎ᠠ᠃ ᠬᠠᠭᠠᠨ ᠡᠵᠡᠨ ᠢ᠋ ᠲᠥᠷᠥᠵᠦ ᠥᠰᠦᠭᠰᠡᠨ ᠨᠤᠲᠤᠭ ᠤ᠋ᠨ ᠬᠢᠨᠢ ᠭᠠᠵᠠᠷ ᠰᠢᠷᠣᠢ ᠳ᠋ᠤ᠌ ᠡᠭᠦᠷᠢᠳᠡ ᠶ᠋ᠢᠨ ᠠᠮᠤᠭᠤᠯᠠᠩ ᠢ᠋ᠶ᠋ᠠᠷ ᠨᠣᠢᠷᠰᠤᠭᠤᠯᠬᠤ ᠶᠡᠬᠡ ᠶᠣᠰᠣᠯᠠᠯ ᠢ᠋ ᠦᠢᠯᠡᠳᠦᠭᠡᠳ ᠰᠤᠷᠬᠠᠭᠲᠠᠨᠢ ᠬᠠᠲᠤᠨ ᠭᠤᠷᠪᠠᠨ ᠭᠣᠣᠯ ᠤ᠋ᠨ ᠰᠠᠪᠠ ᠭᠠᠵᠠᠷ ᠶᠡᠬᠡ ᠠᠭᠤᠷᠠᠭ ᠲᠠᠭᠠᠨ ᠦᠯᠡᠳᠡᠪᠡ᠃ ᠬᠠᠲᠤᠨ ᠡᠬᠡ ᠶ᠋ᠢᠨ ᠢ᠋ᠶ᠋ᠡᠨ ᠡᠵᠡᠭᠦᠢ ᠳ᠋ᠦ᠍ ᠦᠷ᠎ᠡ ᠬᠡᠦᠬᠡᠳ ᠦ᠋ᠳ ᠨᠢ ᠭᠠᠯ ᠭᠣᠯᠣᠮᠲᠠ ᠪᠠᠨ ᠡᠵᠡᠨ ᠦ᠌ ᠶᠣᠰᠣ ᠪᠠᠷ ᠰᠠᠬᠢᠨ ᠬᠠᠮᠠᠭᠠᠯᠠᠵᠤ᠂ ᠠᠷᠠᠳ ᠣᠯᠠᠨ ᠨᠢ ᠲᠦᠪᠰᠢᠨ ᠠᠮᠤᠭᠤᠯᠠᠩ ᠰᠠᠭᠤᠵᠤ ᠪᠠᠢᠵᠠᠢ᠃
ᠰᠤᠷᠬᠠᠭᠲᠠᠨᠢ ᠬᠠᠲᠤᠨ ᠤ᠋ ᠳᠠᠭᠤᠳᠠᠨ ᠢᠷᠡᠭᠦᠯᠦᠭᠰᠡᠨ ᠬᠤᠳᠠᠯᠳᠤᠭᠠᠴᠢᠨ ᠢᠨᠢᠯᠢ ᠶ᠋ᠢᠨ ᠦᠨᠡᠨᠴᠢ ᠵᠢᠳᠬᠦᠯ ᠢ᠋ᠶ᠋ᠡᠷ ᠶᠡᠬᠡ ᠠᠭᠤᠷᠠᠭ ᠲᠤ ᠬᠤᠳᠠᠯᠳᠤᠭ᠎ᠠ ᠠᠷᠠᠯᠵᠢᠶ᠎ᠠ ᠬᠥᠭᠵᠢᠵᠦ᠂ ᠬᠥᠮᠦᠨ ᠵᠤᠨ ᠤ᠋ ᠡᠳ᠋ᠯᠡᠵᠦ ᠬᠡᠷᠡᠭᠯᠡᠵᠦ ᠪᠣᠢ ᠪᠦᠬᠦᠨ ᠳ᠋ᠦ᠍ ᠰᠢᠨ᠎ᠡ ᠰᠠᠢᠬᠠᠨ ᠢ᠋ ᠠᠪᠴᠤ ᠢᠷᠡᠭᠰᠡᠨ ᠢ᠋ ᠨᠢᠳᠦ ᠪᠡᠷ ᠦᠵᠡᠵᠦ ᠪᠠᠬᠠᠳᠤᠨ ᠪᠠᠢᠭᠰᠠᠨ ᠴᠤ᠌ ᠰᠡᠳᠬᠢᠯ ᠳ᠋ᠦ᠍ ᠳᠣᠲᠣᠨᠣ ᠡᠨᠡ ᠭᠠᠵᠠᠷ ᠲᠤ ᠡᠷᠭᠢᠨ ᠢᠷᠡᠬᠦ ᠳ᠋ᠦ᠍ ᠴᠠᠭ ᠬᠤᠭᠤᠴᠠᠭ᠎ᠠ ᠥᠩᠭᠡᠷᠡᠭᠡ ᠦᠭᠡᠢ ᠮᠡᠲᠦ ᠰᠠᠨᠠᠭᠳᠠᠨ᠂ ᠠᠷᠤ ᠠᠷᠤ ᠠ᠋ᠴᠠ ᠪᠠᠨ ᠴᠤᠪᠤᠷᠠᠨ ᠢᠷᠡᠭᠰᠡᠨ ᠬᠦᠨᠳᠦᠬᠡᠨ ᠡᠳᠦᠷ ᠦ᠋ᠳ ᠦ᠋ᠨ ᠮᠠᠨᠠᠨ ᠪᠤᠳᠠᠩ ᠬᠠᠭᠠᠨᠲᠤ ᠲᠥᠷᠥ ᠶ᠋ᠢᠨ ᠢᠷᠡᠭᠡᠳᠦᠢ ᠶ᠋ᠢᠨ ᠬᠤᠪᠢ ᠵᠠᠶᠠᠭ᠎ᠠ ᠬᠠᠲᠤᠨ ᠡᠬᠡ ᠶ᠋ᠢᠨ ᠰᠡᠳᠬᠢᠯ ᠵᠢᠷᠦᠬᠡ ᠶ᠋ᠢ ᠳᠡᠩᠰᠡᠯᠡᠭᠦᠯᠵᠦ ᠪᠠᠢᠯ᠎ᠠ᠃
ᠶᠡᠬᠡ ᠡᠵᠡᠨ ᠬᠠᠭᠠᠨ ᠤ᠋ ᠪᠠᠢᠭᠤᠯᠤᠭᠰᠠᠨ ᠲᠥᠷᠥ ᠤᠯᠤᠰ ᠤ᠋ᠨ ᠢᠷᠡᠭᠡᠳᠦᠢ ᠴᠠᠭᠠᠰᠢ ᠬᠡᠷᠬᠢᠬᠦ ᠨᠢ ᠠᠯᠲᠠᠨ ᠤᠷᠤᠭ ᠤ᠋ᠨ ᠬᠢᠨ ᠦ᠌ ᠳᠤᠮᠳᠠ ᠴᠤ᠌ ᠠᠰᠠᠭᠤᠯᠲᠠ ᠪᠠᠷ ᠦᠷᠭᠦᠯᠵᠢᠯᠡᠵᠦ ᠪᠠᠢᠪᠠ᠃ ᠣᠯᠠᠨ ᠬᠥᠯᠬᠢᠭᠰᠡᠨ ᠬᠠᠷᠠᠬᠣᠷᠣᠮ ᠤ᠋ᠨ ᠴᠢᠯᠠᠭᠤᠨ ᠬᠠᠨᠠᠨ ᠳᠤᠮᠳᠠ ᠡᠢᠰᠢ ᠲᠡᠢᠰᠢ ᠣᠢᠨ ᠪᠠᠭᠤᠬᠤ ᠡᠵᠡᠨ ᠦᠭᠡᠢ ᠰᠤᠮᠤ ᠮᠡᠲᠦ ᠬᠡᠷᠡᠭᠦᠯ᠂ ᠲᠥᠷᠥ ᠶ᠋ᠢᠨ ᠡᠷᠬᠡ ᠶ᠋ᠢ ᠪᠠᠷᠢᠬᠤ ᠪᠠᠷ ᠤᠯᠠᠢᠷᠠᠨ ᠪᠠᠢᠭ᠎ᠠ ᠠᠯᠲᠠᠨ ᠤᠷᠤᠭ ᠤ᠋ᠨ ᠬᠢᠨ ᠦ᠌ ᠳᠠᠯᠳᠠ ᠲᠡᠮᠡᠴᠡᠯ ᠦ᠋ᠨ ᠳᠤᠮᠳᠠ ᠪᠠᠢᠬᠤ ᠬᠦᠰᠡᠯ ᠬᠠᠲᠤᠨ ᠳ᠋ᠤ᠌ ᠪᠠᠢᠭ᠎ᠠ ᠦᠭᠡᠢ ᠲᠤᠯᠠ ᠠᠭᠤᠷᠠᠭ ᠤᠷᠲᠤ ᠳ᠋ᠠᠭᠠᠨ ᠦᠯᠡᠳᠡᠭᠰᠡᠨ ᠪᠢᠯᠡ᠃ ᠭᠡᠪᠡᠴᠦ ᠰᠡᠳᠬᠢᠯ ᠴᠢᠯᠡᠭᠡᠬᠦ ᠦᠭᠡᠢ ᠪᠠᠢᠬᠤ ᠶ᠋ᠢᠨ ᠠᠷᠭ᠎ᠠ ᠦᠭᠡᠢ ᠡᠨᠡ ᠴᠠᠭ ᠲᠤ ᠵᠦᠭᠡᠷ ᠰᠠᠭᠤᠵᠤ ᠬᠡᠷᠬᠢᠪᠡᠴᠦ ᠪᠣᠯᠬᠤ ᠦᠭᠡᠢ ᠶ᠋ᠢ ᠲᠡᠷᠡ ᠪᠡᠷ ᠤᠬᠠᠭᠠᠷᠠᠵᠤ ᠪᠠᠢᠯ᠎ᠠ᠃
ᠬᠠᠲᠤᠨ ᠢ᠋ ᠪᠣᠳᠣᠯ ᠪᠣᠯᠤᠭᠰᠠᠭᠠᠷ ᠨᠣᠮ ᠤ᠋ᠨ ᠦᠷᠭᠦᠭᠡᠨ ᠳ᠋ᠦ᠍ ᠣᠷᠣᠬᠤ ᠳ᠋ᠤ᠌ ᠬᠣᠢᠨ᠎ᠠ ᠨᠢ ᠳᠠᠭᠠᠯᠳᠤᠨ ᠶᠠᠪᠤᠭᠰᠠᠨ ᠠᠵᠢᠨ ᠡᠭᠦᠳᠡ ᠬᠠᠪᠴᠢᠭᠰᠠᠭᠠᠷ ᠦᠯᠡᠳᠡᠪᠡ᠃ ᠲᠡᠷᠡ ᠪᠡᠷ ᠠᠵᠢᠨ
— ᠲᠡᠮᠦᠬᠡᠨ ᠪᠡᠬᠢ ᠶ᠋ᠢ ᠳᠠᠭᠤᠳᠠᠨ ᠢᠷᠡᠭᠦᠯ ᠭᠡᠵᠦ ᠬᠡᠯᠡᠯ᠎ᠡ᠃
ᠨᠣᠮ ᠤ᠋ᠨ ᠦᠷᠭᠦᠭᠡᠨ ᠦ᠌ ᠡᠷᠭᠢᠨ ᠲᠣᠭᠣᠷᠢᠨ ᠦᠵᠡᠭᠳᠡᠬᠦ ᠪᠦᠬᠦᠢ ᠯᠡ ᠶᠠᠭᠤᠮᠠᠰ ᠢ᠋ ᠵᠠᠰᠠᠵᠤ ᠰᠡᠯᠪᠢᠨ ᠰᠢᠨᠡᠴᠢᠯᠡᠬᠦ᠂ ᠰᠤᠳᠤᠷ ᠨᠣᠮ ᠤ᠋ᠨ ᠲᠣᠭᠣᠰᠣ ᠰᠢᠷᠣᠢ ᠶ᠋ᠢ ᠭᠦᠪᠢᠨ ᠴᠡᠪᠡᠷ ᠴᠡᠮᠴᠡᠭᠡᠷ ᠪᠠᠢᠯᠭᠠᠬᠤ ᠠᠵᠢᠯ ᠢ᠋ ᠥᠬᠢᠨ ᠲᠡᠮᠦᠬᠡᠨ ᠪᠡᠬᠢ ᠴᠢᠳᠠᠪᠤᠷᠢᠯᠢᠬ ᠢ᠋ᠶ᠋ᠠᠷ ᠬᠢᠵᠦ ᠢᠷᠡᠭᠰᠡᠨ ᠨᠢ ᠬᠠᠷᠠᠭᠳᠠᠵᠤ ᠪᠠᠢᠯ᠎ᠠ᠃《ᠲᠥᠷᠥ ᠶ᠋ᠢᠨ ᠠᠯᠲᠠᠨ ᠵᠢᠯᠣᠭᠣ ᠬᠡᠨ ᠦ᠌ ᠴᠦ᠍ ᠭᠠᠷ ᠲᠤ᠌ ᠠᠳᠬᠤᠭᠳᠠᠭᠰᠠᠨ ᠲᠥᠷᠥ ᠪᠠᠷᠢᠬᠤ ᠶ᠋ᠢᠨ ᠤᠬᠠᠭᠠᠨ ᠢ᠋ ᠮᠡᠳᠡᠬᠦ ᠬᠥᠮᠦᠨ ᠬᠠᠭᠠᠨᠲᠤ ᠲᠥᠷᠥ ᠳ᠋ᠦ᠍ ᠬᠡᠷᠡᠭ ᠲᠡᠢ》 ᠭᠡᠵᠦ ᠳᠣᠲᠣᠷ᠎ᠠ ᠬᠥᠮᠦᠨ ᠨᠢ ᠬᠡᠯᠡᠬᠦ ᠰᠢᠭ ᠪᠣᠯᠤᠨ᠎ᠠ᠃ ᠬᠠᠲᠤᠨ ᠨᠣᠮ ᠤ᠋ᠨ ᠦᠷᠭᠦᠭᠡᠨ ᠳ᠋ᠦ᠍ ᠬᠤᠷᠢᠶᠠᠯᠲᠠ ᠲᠠᠢ ᠣᠯᠠᠨ ᠰᠤᠳᠤᠷ ᠠ᠋ᠴᠠ ᠬᠡᠳᠦ ᠬᠡᠳᠦ ᠶ᠋ᠢ ᠰᠤᠭᠤᠯᠤᠨ ᠠᠪᠴᠤ᠂ ᠰᠢᠷᠡᠭᠡᠨ ᠳᠡᠭᠡᠷ᠎ᠡ ᠳᠡᠯᠭᠡᠨ ᠨᠢᠮᠪᠠᠢᠯᠠᠨ ᠦᠵᠡᠵᠦ ᠪᠠᠢᠬᠤ ᠵᠠᠭᠤᠷ᠎ᠠ ᠭᠠᠳᠠᠨ᠎ᠠ ᠠ᠋ᠴᠠ ᠥᠬᠢᠨ ᠨᠢ ᠣᠷᠣᠵᠤ ᠢᠷᠡᠯ᠎ᠡ᠃
ᠲᠡᠮᠦᠬᠢᠨ ᠪᠡᠬᠢ᠂ ᠡᠴᠢᠭᠡ ᠡᠬᠡ ᠬᠣᠶᠠᠷ ᠤ᠋ᠨ ᠢ᠋ᠶ᠋ᠠᠨ ᠠᠯᠢ ᠶ᠋ᠢ ᠴᠦ᠍ ᠳᠠᠭᠤᠷᠢᠶᠠᠭᠠ ᠦᠭᠡᠢ ᠮᠡᠲᠦ ᠬᠠᠷᠢᠨ ᠰᠤᠷᠬᠠᠭᠲᠠᠨᠢ ᠶ᠋ᠢᠨ ᠲᠩᠷᠢ ᠪᠣᠯᠤᠭᠰᠠᠨ ᠡᠵᠢ ᠲᠡᠢ ᠲᠤᠩ ᠴᠤ᠌ ᠠᠳᠠᠯᠢᠬᠠᠨ ᠠᠵᠢ᠃ ᠥᠬᠢᠨ ᠦ᠌ ᠪᠡᠨ ᠥᠭᠡᠳᠡ ᠡᠴᠡ ᠦᠷᠦ ᠡᠪᠡᠳᠦᠩᠭᠦᠢ ᠬᠠᠷᠠᠵᠤ ᠰᠠᠭᠤᠳᠠᠭ ᠡᠬᠡ ᠶ᠋ᠢᠨ ᠬᠢᠨᠢ ᠤᠬᠠᠭᠠᠯᠢᠭ ᠳᠥᠯᠭᠡᠬᠡᠨ ᠨᠢᠳᠦ ᠥᠨᠥ ᠴᠦ᠍ ᠬᠠᠲᠤᠨ ᠤ᠋ ᠥᠭᠡᠳᠡ ᠡᠴᠡ ᠬᠠᠷᠠᠵᠤ ᠪᠠᠢᠬᠤ ᠰᠢᠭ᠋ ᠰᠠᠨᠠᠭᠳᠠᠳᠠᠭ ᠪᠥᠯᠥᠭᠡ᠃
— ᠥᠬᠢᠨ ᠮᠢᠨᠢ᠂ ᠡᠷᠲᠡᠨ ᠦ᠌ ᠮᠡᠷᠭᠡᠳ ᠦ᠋ᠨ ᠰᠤᠳᠤᠷ ᠳᠣᠲᠣᠷ᠎ᠠ ᠠ᠋ᠴᠠ ᠲᠥᠷᠥ ᠵᠠᠰᠠᠬᠤ ᠶ᠋ᠢᠨ ᠲᠤᠬᠠᠢ ᠥᠭᠦᠯᠡᠭᠰᠡᠨ ᠰᠤᠳᠤᠷ ᠤ᠋ᠳ ᠢ᠋ ᠢᠯᠭᠠᠭᠤᠯᠤᠨ ᠥᠭ ᠭᠡᠵᠦ ᠬᠡᠯᠡᠬᠦ ᠳ᠋ᠦ᠍ ᠲᠡᠮᠦᠬᠡᠨ ᠪᠡᠬᠢ ᠨᠣᠮ ᠤ᠋ᠨ ᠦᠷᠭᠦᠭᠡᠨ ᠳᠣᠲᠣᠷᠠᠬᠢ ᠣᠯᠠᠨ ᠰᠤᠳᠤᠷ ᠤ᠋ᠳ ᠠ᠋ᠴᠠ ᠲᠦᠳᠡ ᠤᠳᠠᠯ ᠦᠭᠡᠢ ᠬᠡᠳᠦ ᠬᠡᠳᠦᠨ ᠰᠤᠳᠤᠷ ᠭᠠᠷᠭᠠᠵᠤ ᠢᠷᠡᠵᠦ᠂ ᠬᠠᠲᠤᠨ ᠤ᠋ ᠡᠮᠦᠨᠡᠬᠢ ᠰᠢᠷᠡᠭᠡᠨ ᠳᠡᠭᠡᠷ᠎ᠡ ᠲᠠᠯᠪᠢᠯ᠎ᠠ᠃
— ᠲᠥᠷᠥ ᠪᠠᠷᠢᠬᠤ ᠶ᠋ᠢᠨ ᠦᠨᠡᠨ ᠢ᠋ ᠥᠭᠦᠯᠡᠭᠰᠡᠨ ᠬᠡᠰᠡᠭ ᠦ᠋ᠳ ᠢ᠋ ᠰᠢᠭᠦᠭᠡᠷᠡᠢ ᠭᠡᠰᠡᠨ ᠡᠵᠢ ᠶ᠋ᠢᠨ ᠢ᠋ᠶ᠋ᠡᠨ ᠦᠭᠡ ᠶ᠋ᠢ ᠰᠣᠨᠣᠰᠤᠭᠠᠳ ᠲᠡᠮᠦᠭᠡ ᠪᠡᠬᠢ ᠡᠬᠡ ᠶ᠋ᠢᠨ ᠬᠡᠯᠡᠭᠰᠡᠨ ᠶᠣᠰᠣ ᠪᠠᠷ ᠲᠡᠳᠡᠭᠡᠷ ᠣᠯᠠᠨ ᠰᠤᠳᠤᠷ ᠳᠣᠲᠣᠷ᠎ᠠ ᠠ᠋ᠴᠠ ᠲᠥᠷᠥ ᠪᠠᠷᠢᠬᠤ ᠦᠨᠡᠨ ᠦ᠌ ᠲᠤᠬᠠᠢ ᠡᠰᠢᠯᠡᠯ ᠲᠠᠲᠠᠭᠰᠠᠨ ᠬᠡᠰᠡᠭ ᠦ᠋ᠳ ᠢ᠋ ᠨᠡᠭᠡᠭᠡᠨ ᠲᠤᠰ ᠲᠤᠰ ᠲᠤᠨᠢ ᠲᠠᠯᠪᠢᠯ᠎ᠠ᠃ ᠰᠤᠷᠬᠠᠭᠲᠠᠨᠢ ᠲᠡᠳᠡᠨ ᠢ᠋ ᠨᠢᠭᠡ ᠪᠥᠷᠢᠴᠢᠯᠡᠨ ᠬᠠᠷᠠᠭᠠᠳ ᠲᠡᠮᠦᠬᠡᠨ ᠪᠡᠬᠢ ᠳ᠋ᠦ᠍᠄
— ᠡᠪᠦᠭᠡ ᠡᠴᠢᠭᠡ ᠶ᠋ᠢᠨ ᠲᠠᠨᠢ ᠮᠡᠷᠭᠡᠨ ᠤᠬᠠᠭᠠᠨ᠂ ᠲᠥᠷᠥ ᠵᠠᠰᠠᠬᠤ ᠪᠣᠳᠣᠯᠭ᠎ᠠ ᠥᠭᠡᠳᠡᠢ ᠬᠠᠭᠠᠨ ᠤ᠋ ᠥᠷᠥᠰᠢᠶᠡᠯᠲᠦ ᠵᠠᠰᠠᠭ᠂ ᠣᠯᠠᠨ ᠤᠯᠤᠰ ᠭᠦᠷᠦᠨ ᠨᠦ᠍ᠭᠦᠳ ᠦ᠋ᠨ ᠨᠢᠭᠡᠳᠦᠨ ᠪᠣᠰᠴᠤ ᠡᠷᠭᠢᠨ ᠵᠠᠳᠠᠷᠠᠵᠤ ᠪᠠᠢᠭᠰᠠᠨ ᠲᠡᠦᠬᠡ ᠨᠦ᠍ᠭᠦᠳ ᠢ᠋ ᠰᠡᠬᠦᠨ᠂ ᠡᠨᠳᠡ ᠡᠴᠡ ᠲᠥᠷᠥ ᠪᠠᠷᠢᠬᠤ ᠶ᠋ᠢᠨ ᠦᠨᠡᠨ ᠢ᠋ ᠭᠠᠷᠭᠠᠨ ᠪᠢᠴᠢᠵᠦ᠂ ᠬᠣᠵᠢᠮ ᠤ᠋ᠨ ᠬᠥᠮᠦᠰ ᠲᠦ᠍ ᠦᠯᠡᠳᠡᠭᠡᠪᠡᠯ ᠶᠠᠮᠠᠷ ᠪᠣᠢ ᠭᠡᠵᠦ ᠠᠰᠠᠭᠤᠯ᠎ᠠ᠃ ᠥᠬᠢᠨ ᠨᠢ ᠡᠬᠡ ᠶ᠋ᠢᠨ ᠢ᠋ᠶ᠋ᠡᠨ ᠬᠡᠯᠡᠭᠰᠡᠨ ᠢ᠋ ᠳᠠᠮᠵᠢᠨ ᠲᠣᠯᠣᠭᠠᠢ ᠳᠣᠬᠢᠭᠠᠳ᠂
— ᠬᠠᠲᠤᠨ ᠡᠬᠡ ᠮᠢᠨᠢ ᠲᠠ ᠬᠠᠭᠠᠨ ᠡᠪᠦᠭᠡ ᠶ᠋ᠢᠨ ᠦᠶ᠎ᠡ ᠡᠴᠡ ᠡᠬᠢᠯᠡᠨ ᠥᠨᠥ ᠬᠦᠷᠲᠡᠯ᠎ᠡ ᠲᠡᠳᠡᠨ ᠦ᠌ ᠳᠤᠮᠳᠠ ᠪᠠᠢᠭᠰᠨ ᠬᠥᠮᠦᠨ᠂ ᠡᠨᠡ ᠦᠨᠡᠨ ᠢ᠋ ᠮᠡᠳᠡᠬᠦ ᠲᠤᠯᠠ ᠥᠬᠢᠨ ᠲᠠᠨᠢ ᠡᠬᠡ ᠶ᠋ᠢᠨ ᠦᠭᠡ ᠶ᠋ᠢ ᠳᠡᠮᠵᠢᠵᠦ ᠪᠠᠢᠨ᠎ᠠ᠃ ᠪᠢ ᠬᠠᠷᠢᠨ ᠲᠠᠨ ᠳ᠋ᠤ᠌ ᠬᠡᠷᠬᠢᠨ ᠲᠤᠰᠠᠯᠠᠬᠤ ᠪᠣᠢ ᠭᠡᠵᠦ ᠠᠰᠠᠭᠤᠯ᠎ᠠ᠁《ᠬᠠᠭᠠᠨ ᠡᠪᠦᠭᠡ ᠶ᠋ᠢᠨ ᠦᠶ᠎ᠡ ᠡᠴᠡ ᠥᠨᠥ ᠬᠦᠷᠲᠡᠯᠡᠬᠢ ᠲᠥᠷᠥ ᠶ᠋ᠢᠨ ᠬᠡᠷᠡᠭ ᠢ᠋ ᠬᠡᠷᠬᠢᠨ ᠶᠠᠪᠤᠭᠤᠯᠵᠤ ᠪᠠᠢᠭᠰᠠᠨ ᠢ᠋ ᠮᠡᠳᠡᠬᠦ ᠬᠥᠮᠦᠨ ᠪᠣᠯ ᠨᠠᠳᠠ ᠠ᠋ᠴᠠ ᠥᠭᠡᠷ᠎ᠡ ᠶᠸᠯᠢᠤᠢ ᠴᠦᠼᠠᠢ ᠪᠣᠢ》ᠭᠡᠵᠦ ᠪᠣᠳᠣᠮᠠᠭᠴᠠ᠄
— ᠥᠬᠢᠨ ᠮᠢᠨᠢ ᠬᠠᠷᠠᠬᠣᠷᠣᠮ ᠤᠷᠤᠭᠤ ᠬᠡᠯᠡ ᠬᠦᠷᠭᠡᠵᠦ ᠶᠸᠯᠢᠤᠢ ᠴᠦᠼᠠᠢ ᠶ᠋ᠢ ᠳᠠᠭᠤᠳᠠᠨ ᠢᠷᠡᠭᠦᠯ ᠭᠡᠵᠦ ᠬᠡᠯᠡᠭᠦᠯᠦᠯ᠎ᠡ᠃
<>
ᠬᠠᠷᠠᠬᠣᠷᠣᠮ ᠤ᠋ᠨ ᠶᠡᠬᠡᠰ ᠳᠡᠭᠡᠳᠦᠰ ᠬᠥᠨᠵᠢᠯᠡ ᠳᠣᠲᠣᠷ᠎ᠠ ᠪᠠᠨ ᠬᠥᠯ ᠢ᠋ᠶ᠋ᠡᠨ ᠣᠯᠬᠤ ᠦᠭᠡᠢ ᠵᠢᠭᠤᠷᠠᠯᠳᠤᠨ ᠪᠠᠢᠯ᠎ᠠ᠃ ᠠᠯᠲᠠᠨ ᠤᠷᠤᠭ ᠤ᠋ᠨ ᠬᠠᠭᠠᠨ ᠬᠥᠪᠡᠭᠦᠳ ᠥᠭᠡᠳᠡᠢ ᠶᠡᠬᠡ ᠬᠠᠭᠠᠨ ᠲᠩᠷᠢ ᠳ᠋ᠦ᠍ ᠬᠠᠯᠢᠭᠰᠠᠨ ᠮᠡᠳᠡᠭᠡ ᠶ᠋ᠢ ᠠᠪᠤᠭᠰᠠᠨ ᠳᠠᠷᠤᠢ ᠠᠶᠠᠨ ᠲᠡᠢᠨ ᠢ᠋ᠶ᠋ᠡᠨ ᠳᠠᠭᠤᠰᠬᠠᠨ ᠨᠤᠲᠤᠭ ᠲᠠᠭᠠᠨ ᠢᠷᠡᠭᠡᠳ ᠪᠠᠢᠪᠠ᠃ ᠲᠡᠳᠡᠨ ᠦ᠌ ᠳᠤᠮᠳᠠ ᠠ᠋ᠴᠠ ᠪᠠᠲᠤ ᠥᠪᠡᠷ ᠦ᠋ᠨ ᠤᠯᠤᠰ ᠢ᠋ ᠪᠠᠢᠭᠤᠯᠵᠤ᠂ ᠠᠯᠲᠠᠨ ᠣᠷᠳᠣᠨ ᠤ᠋ ᠤᠯᠤᠰ ᠭᠡᠮᠡᠨ ᠨᠡᠷᠡᠯᠡᠭᠡᠳ ᠲᠡᠨᠳᠡ ᠪᠡᠨ ᠦᠯᠡᠳᠡᠵᠡᠢ᠃
ᠶᠡᠬᠡ ᠬᠠᠭᠠᠨ ᠤ᠋ ᠣᠷᠣ ᠰᠠᠭᠤᠬᠤ ᠬᠥᠮᠦᠨ ᠴᠣᠬᠣᠮ ᠬᠡᠨ ᠪᠠᠢᠬᠤ ᠪᠣᠢ ᠭᠡᠰᠡᠨ ᠲᠣᠯᠣᠭᠠᠢ ᠭᠠᠰᠢᠯᠭᠠᠭᠰᠠᠨ ᠠᠰᠠᠭᠤᠯᠲᠠ ᠨᠤᠭᠤᠳ ᠬᠥᠮᠦᠨ ᠪᠦᠬᠦᠨ ᠦ᠌ ᠪᠣᠳᠣᠯ ᠤᠬᠠᠭᠠᠨ ᠳ᠋ᠤ᠌ ᠰᠡᠭᠦᠳᠡᠷ ᠰᠢᠭ ᠲᠡᠭᠡᠨ᠂ ᠨᠢᠭᠡᠨᠲᠡ ᠣᠷᠣ ᠵᠠᠯᠭᠠᠬᠤ ᠬᠠᠭᠠᠨ ᠡᠵᠡᠨ ᠦ᠌ ᠨᠡᠷ᠎ᠡ ᠶ᠋ᠢ ᠳᠤᠷᠠᠳᠤᠭ᠎ᠠ ᠦᠭᠡᠢ ᠲᠩᠷᠢ ᠪᠣᠯᠤᠭᠰᠠᠨ ᠥᠭᠡᠳᠡᠢ ᠬᠠᠭᠠᠨ ᠤ᠋ ᠦᠯᠡᠳᠡᠭᠡᠭᠰᠡᠨ ᠦᠭᠡ ᠦᠭᠡᠢ ᠤᠴᠢᠷ ᠳᠣᠣᠷ᠎ᠠ ᠪᠦᠷᠢᠨ᠎ᠡ ᠯᠡ ᠶᠡᠬᠡ ᠡᠵᠡᠨ ᠦ᠌ ᠰᠠᠭᠤᠳᠠᠯ ᠳ᠋ᠤ᠌ ᠰᠠᠨᠠᠭᠠᠷᠬᠠᠨ ᠪᠠᠢᠭᠰᠨ ᠴᠠᠭ᠃ ᠬᠠᠷᠢᠨ ᠡᠨᠡ ᠦᠶ᠎ᠡ ᠪᠡᠷ ᠬᠠᠷᠠᠬᠣᠷᠣᠮ ᠳ᠋ᠤ᠌ ᠨᠢᠭᠡᠨ ᠶᠡᠬᠡ ᠬᠡᠷᠡᠭ ᠮᠠᠨᠳᠤᠭᠰᠠᠨ ᠨᠢ ᠤᠯᠤᠰ ᠤ᠋ᠨ ᠳᠡᠭᠡᠳᠦ ᠰᠢᠭᠦᠭᠴᠢ ᠮᠠᠬᠠᠮᠦ᠌ᠳ᠋ ᠶᠠᠯᠠᠸᠠᠴᠢ ᠬᠤᠳᠠᠯᠳᠤᠭᠠᠴᠢᠨ ᠠᠪᠲᠤᠯ ᠷᠠᠬᠠᠮᠠᠨ ᠢ᠋ ᠮᠥᠷᠳᠡᠨ ᠪᠠᠢᠴᠠᠭᠠᠭᠰᠠᠨ ᠬᠡᠷᠡᠭ ᠪᠠᠢᠯ᠎ᠠ᠃ ᠲᠡᠭᠦᠨ ᠦ᠌ ᠳᠠᠷᠠᠭᠠᠬᠠᠨ ᠶᠡᠬᠡ ᠬᠠᠲᠤᠨ ᠲᠦᠷᠭᠡᠨ᠎ᠡ ᠶ᠋ᠢᠨ ᠦᠷᠭᠦᠭᠡᠨ ᠳ᠋ᠦ᠍ ᠮᠠᠬᠠᠮᠦ᠌ᠳ᠋ ᠶᠠᠯᠠᠸᠠᠴᠢ ᠳᠠᠭᠤᠳᠠᠭᠳᠠᠵᠠᠢ᠃ ᠬᠠᠲᠤᠨ ᠶᠡᠬᠡᠳᠡ ᠠᠭᠤᠷᠰᠠᠭᠰᠠᠨ ᠪᠠᠢᠪᠠ᠃ ᠢᠲᠡᠭᠡᠯᠲᠦ ᠬᠥᠮᠦᠨ ᠨᠢ ᠪᠣᠯᠤᠭᠰᠠᠨ ᠠᠪᠲᠤᠯ ᠷᠠᠬᠠᠮᠠᠨ ᠢ᠋ ᠢᠢᠨ ᠰᠢᠭᠦᠨ ᠪᠠᠢᠴᠠᠭᠠᠵᠤ ᠪᠠᠢᠭ᠎ᠠ ᠶᠠᠪᠤᠳᠠᠯ ᠨᠢ ᠬᠠᠲᠤᠨ ᠤ᠋ ᠳᠤᠷ᠎ᠠ ᠦᠭᠡᠢ ᠶ᠋ᠢ ᠬᠦᠷᠭᠡᠭᠰᠡᠨ ᠨᠢ ᠢᠯᠡᠳᠲᠡ᠂ ᠲᠡᠷᠡ ᠪᠡᠷ ᠲᠣᠯᠣᠭᠠᠢ ᠬᠠᠶᠠᠯᠠᠨ ᠬᠠᠷᠠᠴᠠ ᠪᠠᠷ ᠢ᠋ᠶ᠋ᠠᠨ ᠰᠢᠯᠪᠢᠭᠦᠷᠳᠡᠬᠦ ᠳ᠋ᠦ᠍ ᠬᠠᠴᠠᠷ ᠳᠠᠭᠠᠨ ᠤᠨᠠᠭᠰᠠᠨ ᠰᠢᠵᠢᠷ ᠠᠯᠲᠠᠨ ᠤᠨᠵᠢᠯᠭ᠎ᠠ ᠨᠢ ᠱᠠᠷᠬᠢᠨ ᠪᠠᠢᠯ᠎ᠠ᠃
— ᠠᠪᠲᠤᠯ ᠷᠠᠬᠠᠮᠠᠨ ᠪᠣᠯ ᠮᠣᠩᠭᠣᠯ ᠤ᠋ᠨ ᠲᠥᠷᠥ ᠳ᠋ᠦ᠍ ᠥᠪᠡᠷ ᠦ᠋ᠨ ᠡᠭᠦᠷᠭᠡ ᠶ᠋ᠢ ᠭᠦᠢᠴᠡᠳᠬᠡᠭᠰᠡᠨ ᠢᠯᠡᠳᠲᠡ ᠭᠠᠪᠢᠶ᠎ᠠ ᠲᠠᠢ ᠨᠢᠭᠡᠨ ᠠᠲᠠᠯ᠎ᠠ ᠴᠢ ᠲᠡᠭᠦᠨ ᠢ᠋ ᠶᠠᠭᠤᠨ ᠤ᠋ ᠤᠴᠢᠷ ᠮᠥᠷᠳᠡᠨ ᠰᠢᠯᠭᠠᠨ᠎ᠠ ᠪᠣᠢ?
— ᠬᠠᠲᠤᠨᠲᠠᠨ ᠮᠢᠨᠢ᠂ ᠥᠷᠥᠰᠢᠶᠡᠨ ᠰᠣᠶᠣᠷᠬ᠎ᠠ᠃ ᠭᠡᠨᠡᠳᠲᠡ ᠲᠩᠷᠢ ᠪᠣᠯᠤᠭᠰᠠᠨ ᠬᠠᠭᠠᠨ ᠡᠵᠡᠨ ᠦ᠌ ᠥᠭᠡᠳᠡ ᠪᠣᠯᠤᠭᠰᠠᠨ ᠤᠴᠢᠷ ᠰᠢᠯᠲᠠᠭᠠᠨ ᠢ᠋ ᠲᠣᠳᠣᠷᠠᠭᠤᠯᠬᠤ ᠪᠠᠷ ᠰᠢᠯᠭᠠᠭᠰᠠᠨ ᠪᠢᠯᠡ᠃
— ᠬᠠᠭᠠᠨ ᠡᠵᠡᠨ ᠰᠠᠷᠬᠤᠳ ᠬᠡᠲᠦᠷᠡᠭᠦᠯᠦᠨ ᠬᠦᠷᠲᠡᠵᠦ ᠪᠠᠢᠭᠠᠳ ᠥᠭᠡᠳᠡ ᠪᠣᠯᠤᠭᠰᠠᠨ ᠭᠡᠳᠡᠭ ᠢ᠋ ᠬᠡᠨ ᠬᠥᠮᠦᠨ ᠦᠭᠡᠢ ᠮᠡᠳᠡᠵᠦ ᠪᠠᠢᠬᠤ ᠳ᠋ᠤ᠌ ᠮᠥᠩᠬᠡ ᠲᠩᠷᠢ ᠶ᠋ᠢ ᠬᠢᠯᠢᠩᠨᠡᠭᠦᠯᠦᠨ ᠡᠨᠡ ᠬᠡᠷᠡᠭ ᠢ᠋ ᠳᠠᠬᠢᠨ ᠰᠡᠬᠦᠵᠦ᠂ ᠬᠤᠳᠠᠷᠭ᠎ᠠ ᠦᠭᠡᠢ ᠶᠠᠷᠢᠶ᠎ᠠ ᠶ᠋ᠢ ᠮᠢᠨᠦ ᠦᠷᠭᠦᠭᠡᠨ ᠳ᠋ᠦ᠍ ᠳᠠᠬᠢᠨ ᠰᠣᠨᠣᠰᠬᠠᠬᠤ ᠶ᠋ᠢᠨ ᠤᠴᠢᠷ ᠶᠠᠭᠤ ᠪᠣᠢ?
— ᠤᠯᠤᠰ ᠤ᠋ᠨ ᠳᠡᠭᠡᠳᠦ ᠰᠢᠭᠦᠭᠴᠢ ᠶ᠋ᠢᠨ ᠬᠤᠪᠢ ᠪᠠᠷ ᠨᠠᠳᠠ ᠳ᠋ᠤ᠌ ᠠᠰᠠᠭᠤᠵᠤ ᠲᠣᠳᠣᠷᠠᠭᠤᠯᠬᠤ ᠵᠦᠢᠯ ᠪᠠᠢᠭ᠎ᠠ ᠲᠤᠯᠠ ᠢᠩᠭᠢᠭᠰᠡᠨ ᠪᠢᠯᠡ᠃ ᠮᠠᠬᠠᠮᠥ᠋ᠳ᠋ ᠶᠠᠯᠠᠸᠠᠴᠢ ᠬᠠᠲᠤᠨ ᠤ᠋ ᠡᠮᠦᠨ᠎ᠡ ᠪᠤᠷᠤᠭᠤ ᠪᠠᠨ ᠬᠦᠯᠢᠶᠡᠬᠦ ᠰᠢᠨᠵᠢ ᠦᠭᠡᠢ ᠵᠣᠭᠰᠣᠬᠤ ᠨᠢ ᠳᠦᠷᠭᠡᠨ᠎ᠡ ᠶ᠋ᠢᠨ ᠳᠤᠷ᠎ᠠ ᠦᠭᠡᠢ ᠶ᠋ᠢ ᠤᠯᠠᠮ ᠪᠦᠷ ᠬᠦᠷᠭᠡᠵᠦ ᠪᠠᠢᠯ᠎ᠠ᠃
— ᠤᠯᠤᠰ ᠤ᠋ᠨ ᠶᠡᠬᠡ ᠬᠠᠲᠤᠨ ᠮᠢᠨᠦ ᠦᠭᠡ ᠶ᠋ᠢ ᠰᠥᠷᠦᠨ ᠵᠣᠭᠰᠣᠬᠤ ᠰᠢᠭᠦᠭᠴᠢ ᠲᠠ ᠶᠠᠭᠠᠬᠢᠭᠰᠠᠨ ᠶᠡᠬᠡ ᠡᠷᠬᠡ ᠮᠠᠲᠠᠯ ᠲᠠᠢ ᠬᠥᠮᠦᠨ ᠪᠣᠢ?
— ᠥᠷᠥᠰᠢᠶᠡᠨ ᠪᠣᠯᠭᠣᠭᠠᠮᠤ? ᠨᠢᠭᠡᠨᠲᠡ ᠪᠠᠷᠢᠭᠰᠠᠨ ᠤᠴᠢᠭ ᠢ᠋ ᠴᠢᠭᠲᠠᠯᠠᠬᠤ ᠬᠦᠰᠡᠯ ᠲᠡᠢ ᠪᠠᠢᠨ᠎ᠠ ᠭᠡᠵᠦ ᠬᠡᠯᠡᠬᠦ ᠲᠡᠭᠦᠨ ᠦ᠌ ᠦᠭᠡᠨ ᠡᠴᠡ ᠳᠦᠷᠭᠡᠨ᠎ᠡ ᠶᠠᠯᠠᠸᠠᠴᠢ ᠬᠡᠷᠡᠭ ᠦ᠋ᠨ ᠰᠡᠵᠢᠭᠦᠷ ᠢ᠋ ᠣᠷᠬᠢᠬᠤ ᠦᠭᠡᠢ ᠭᠡᠳᠡᠭ ᠨᠢ ᠲᠣᠳᠣᠷᠬᠠᠢ ᠪᠣᠯᠪᠠ᠃
— ᠶᠠᠭᠤ ᠴᠤ᠌ ᠭᠡᠵᠦ ᠵᠠᠷᠯᠢᠭᠳᠠᠭᠠᠳ ᠬᠥᠳᠡᠯᠬᠦ ᠦᠭᠡᠢ᠂ ᠬᠡᠯᠡᠭᠰᠡᠨ ᠦᠭᠡ ᠶ᠋ᠢ ᠨᠢ ᠦᠯᠦ ᠲᠣᠭᠣᠨ ᠪᠠᠢᠭ᠎ᠠ ᠡᠨᠡ ᠡᠷᠬᠢᠮ ᠢ᠋ ᠤᠳᠠᠭᠠᠨ ᠲᠡᠪᠴᠢᠬᠦ ᠬᠦᠰᠡᠯ ᠬᠠᠲᠤᠨ ᠳ᠋ᠤ᠌ ᠪᠠᠢᠭᠰᠠᠨ ᠦᠭᠡᠢ᠃
— ᠪᠢ ᠴᠢᠮᠠᠶ᠋ᠢ ᠤᠯᠤᠰ ᠤ᠋ᠨ ᠳᠡᠭᠡᠳᠦ ᠰᠢᠭᠦᠭᠴᠢ ᠡᠴᠡ ᠪᠠᠭᠤᠯᠭᠠᠵᠤ ᠪᠠᠢᠨ᠎ᠠ᠃ ᠨᠢᠭᠡᠨᠲᠡ ᠥᠭᠡᠳᠡᠢ ᠬᠠᠭᠠᠨ ᠡᠵᠡᠨ ᠲᠩᠷᠢ ᠪᠣᠯᠵᠤ᠂ ᠬᠠᠲᠤᠨ ᠮᠢᠨᠦ ᠮᠠᠲᠠᠯ ᠳ᠋ᠤ᠌ ᠤᠯᠤᠰ ᠤ᠋ᠨ ᠬᠡᠷᠡᠭ ᠢᠷᠡᠭᠰᠡᠨ ᠲᠤᠯᠠ ᠪᠢ ᠡᠢᠮᠦ ᠰᠢᠢᠳᠪᠦᠷᠢ ᠭᠠᠷᠭᠠᠯ᠎ᠠ᠃ ᠭᠠᠷᠴᠤ ᠪᠣᠯᠤᠨ᠎ᠠ ᠭᠡᠵᠦ ᠬᠠᠲᠤᠨ ᠰᠢᠷᠦᠭᠦᠨ ᠢ᠋ᠶ᠋ᠡᠷ ᠬᠡᠯᠡᠯ᠎ᠡ᠃
ᠮᠠᠬᠠᠮᠥ᠋ᠳ᠋ ᠶᠠᠯᠠᠸᠠᠴᠢ ᠬᠠᠲᠤᠨ ᠤ᠋ ᠰᠢᠢᠳᠪᠦᠷᠢ ᠶ᠋ᠢ ᠬᠡᠷᠬᠢᠬᠦ ᠪᠢᠯᠡ᠃ ᠨᠢᠭᠡᠨᠲᠡ ᠤᠯᠤᠰ ᠤ᠋ᠨ ᠶᠡᠬᠡ ᠬᠠᠲᠤᠨ ᠡᠢᠮᠦ ᠰᠢᠢᠳᠪᠦᠷᠢ ᠭᠠᠷᠭᠠᠵᠤ ᠪᠣᠢ ᠬᠣᠢᠨ᠎ᠠ ᠵᠥᠪᠰᠢᠶᠡᠷᠡᠬᠦ ᠡᠴᠡ ᠥᠭᠡᠷ᠎ᠡ ᠶᠠᠭᠠᠬᠢᠬᠤ ᠪᠢᠯᠡ᠃ ᠬᠠᠷᠢᠨ ᠠᠳᠬᠤᠭᠰᠠᠨ ᠰᠡᠵᠢᠭᠦᠷ ᠢ᠋ᠶ᠋ᠡᠨ ᠤᠯᠠᠮ ᠯᠠᠪᠰᠢᠷᠠᠭᠤᠯᠬᠤ ᠭᠡᠵᠦ ᠪᠠᠢᠬᠤ ᠳ᠋ᠤ᠌ ᠡᠢᠮᠦ ᠶᠠᠪᠤᠳᠠᠯ ᠪᠣᠯᠵᠠᠢ᠃
ᠲᠡᠷᠡ ᠪᠡᠷ 《ᠬᠠᠭᠠᠨ ᠡᠵᠡᠨ ᠳ᠋ᠡᠭᠡᠨ ᠦᠨᠡᠨᠴᠢ ᠠᠯᠪᠠᠲᠤ ᠶ᠋ᠢᠨ ᠬᠤᠪᠢ ᠪᠠᠷ ᠡᠴᠦᠰ ᠦ᠋ᠨ ᠮᠥᠴᠡ ᠬᠦᠷᠲᠡᠯ᠎ᠡ ᠦᠨᠡᠨ ᠮᠥᠨ ᠢ᠋ ᠬᠠᠢᠭᠰᠠᠨ ᠢ᠋ ᠮᠥᠩᠬᠡ ᠲᠩᠷᠢ ᠮᠡᠳᠡᠬᠦ ᠪᠢᠯᠡ》 ᠭᠡᠮᠡᠨ ᠪᠣᠳᠣᠭᠰᠠᠭᠠᠷ ᠭᠠᠷᠴᠤ ᠶᠠᠪᠤᠯ᠎ᠠ᠃ ᠮᠠᠬᠠᠮᠥ᠋ᠳ᠋ ᠶᠠᠯᠠᠸᠠᠴᠢ ᠶ᠋ᠢ ᠭᠠᠷᠴᠤ ᠶᠠᠪᠤᠭᠰᠠᠨ ᠤ᠋ ᠳᠠᠷᠠᠭ᠎ᠠ ᠬᠠᠲᠤᠨ ᠤ᠋ ᠰᠢᠪᠡᠭᠴᠢᠨ ᠹᠠᠲ᠋ᠢᠮᠠ᠄
— ᠬᠠᠲᠤᠨ ᠲᠠ ᠥᠨᠥ ᠨᠢᠭᠡᠨᠲᠡ ᠲᠥᠷᠥ ᠶ᠋ᠢᠨ ᠬᠡᠷᠡᠭ ᠢ᠋ ᠮᠡᠳᠡᠵᠦ ᠪᠠᠢᠭ᠎ᠠ ᠲᠤᠯᠠ ᠡᠨᠡ ᠮᠡᠲᠦ ᠶ᠋ᠢᠨ ᠥᠭᠡᠳᠡᠢ ᠬᠠᠭᠠᠨ ᠡᠵᠡᠨ ᠦ᠌ ᠦᠶ᠎ᠡ ᠶ᠋ᠢᠨ ᠰᠠᠢᠳ ᠲᠦᠰᠢᠮᠡᠳ ᠦ᠋ᠨ ᠳᠤᠮᠳᠠ ᠴᠠᠭᠠᠰᠢᠳᠠ ᠲᠥᠷᠥ ᠤᠯᠤᠰ ᠢ᠋ ᠤᠳᠤᠷᠢᠳᠤᠨ ᠶᠠᠪᠤᠬᠤ ᠲᠠᠨᠢ ᠤᠯᠠᠮ ᠪᠦᠷ ᠬᠡᠴᠡᠭᠦᠦ ᠪᠣᠯᠬᠤ ᠪᠤᠰᠤ ᠤᠤ᠂ ᠲᠡᠢᠮᠦ ᠡᠴᠡ ᠨᠢᠭᠡᠨᠲᠡ ᠲᠠ ᠰᠢᠢᠳᠪᠦᠷᠢ ᠪᠡᠨ ᠭᠠᠷᠭᠠᠵᠤ ᠬᠠᠭᠠᠨ ᠡᠵᠡᠨ ᠦ᠌ ᠦᠶ᠎ᠡ ᠶ᠋ᠢᠨ ᠰᠠᠢᠳ ᠲᠦᠰᠢᠮᠡᠳ ᠢ᠋ ᠰᠣᠯᠢᠬᠤ ᠬᠡᠷᠡᠭᠲᠡᠢ ᠰᠠᠨᠠᠭᠳᠠᠨ᠎ᠠ ᠭᠡᠯᠡ᠃
ᠠᠭᠤᠷ ᠲᠠᠭᠠᠨ ᠪᠠᠭᠲᠠᠷᠠᠵᠤ ᠪᠠᠢᠭᠰᠠᠨ ᠲᠦᠷᠭᠡᠨ᠎ᠡ ᠬᠠᠲᠤᠨ ᠤ᠋ ᠲᠠᠭᠠᠯᠠᠯ ᠳ᠋ᠤ᠌ ᠹᠠᠲ᠋ᠢᠮᠠ ᠶ᠋ᠢᠨ ᠬᠡᠷᠡᠭᠲᠡᠢ ᠴᠠᠭ ᠲᠤ᠌ ᠥᠭᠭᠦᠭᠰᠡᠨ ᠵᠥᠪᠯᠡᠮᠵᠢ ᠦᠨᠡᠬᠡᠷ ᠨᠡᠢᠴᠡᠮᠡ ᠪᠣᠳᠣᠭᠳᠠᠯ᠎ᠠ᠃
— ᠴᠢᠨᠦ ᠦᠭᠡ ᠵᠥᠪ ᠪᠠᠢᠨ᠎ᠠ᠃ ᠥᠨᠥ ᠮᠢᠨᠦ ᠬᠡᠷᠡᠭ ᠲᠦ᠍ ᠬᠥᠨᠳᠡᠯᠡᠨ ᠡᠴᠡ ᠣᠷᠣᠯᠴᠠᠨ ᠥᠪᠡᠷ ᠥᠪᠡᠷ ᠦ᠋ᠨ ᠰᠠᠭᠤᠳᠠᠯ ᠳ᠋ᠤ᠌ ᠯᠠᠪ ᠰᠢᠭᠢᠳᠦᠨ᠂ ᠬᠠᠲᠤᠨ ᠮᠢᠨᠦ ᠬᠡᠯᠡᠬᠦ ᠦᠭᠡ ᠶ᠋ᠢ ᠰᠣᠨᠣᠰᠬᠤ ᠦᠭᠡᠢ ᠪᠠᠢᠭ᠎ᠠ ᠡᠨᠡ ᠲᠥᠷᠥ ᠶ᠋ᠢᠨ ᠰᠠᠢᠳ ᠲᠦᠰᠢᠮᠡᠳ ᠢ᠋ ᠪᠦᠭᠦᠳᠡ ᠶ᠋ᠢ ᠨᠢ ᠰᠣᠯᠢᠬᠤ ᠴᠠᠭ ᠪᠣᠯᠵᠠᠢ ᠭᠡᠪᠡ᠃
ᠬᠠᠲᠤᠨ ᠡᠨᠡ ᠦᠭᠡ ᠶ᠋ᠢ ᠬᠡᠯᠡᠵᠦ ᠪᠠᠢᠬᠤ ᠳ᠋ᠠᠭᠠᠨ ᠲᠦᠷᠦᠭᠦᠨ ᠥᠷᠥᠭᠡᠨ ᠡᠴᠡ ᠭᠠᠷᠤᠭᠰᠠᠨ ᠮᠠᠬᠠᠮᠥ᠋ᠳ᠋ ᠶᠠᠯᠠᠸᠠᠴᠢ ᠳ᠋ᠤ᠌ ᠠᠭᠤᠷᠰᠠᠭᠰᠠᠨ ᠠᠭᠤᠷ ᠨᠢ ᠨᠠᠮᠳᠠᠭ᠎ᠠ ᠦᠭᠡᠢ ᠪᠣᠯᠤᠯᠲᠠᠢ ᠬᠠᠮᠠᠷ ᠨᠢ ᠰᠡᠷᠲᠡᠯᠵᠡᠵᠦ᠂ ᠠᠮᠢᠰᠬᠤᠭ᠎ᠠ ᠨᠢ ᠣᠪᠣᠯᠵᠠᠨ ᠪᠠᠢᠯ᠎ᠠ᠃ ᠡᠨᠡ ᠡᠳᠦᠷ ᠦ᠋ᠨ ᠳᠠᠷᠠᠭᠠᠬᠠᠨ ᠲᠥᠷᠥ ᠶ᠋ᠢᠨ ᠪᠦᠬᠦ ᠰᠠᠢᠳ ᠲᠦᠰᠢᠮᠡᠳ ᠠᠵᠢᠯ ᠢ᠋ᠶ᠋ᠠᠨ ᠥᠭᠪᠡ᠃ ᠲᠡᠳᠡᠨ ᠦ᠌ ᠳᠤᠮᠳᠠ ᠲᠥᠷᠥ ᠶ᠋ᠢᠨ ᠶᠡᠬᠡ ᠰᠠᠢᠳ ᠪᠠᠢᠭᠰᠠᠨ ᠶᠸᠯᠢᠦᠢ ᠴᠦᠼᠠᠢ ᠬᠦᠷᠲᠡᠯ᠎ᠡ ᠰᠠᠭᠤᠳᠠᠯ ᠠ᠋ᠴᠠ ᠪᠠᠨ ᠪᠠᠭᠤᠵᠤ ᠬᠠᠷᠠᠬᠣᠷᠣᠮ ᠳ᠋ᠠᠬᠢ ᠥᠪᠡᠷ ᠦ᠋ᠨ ᠭᠡᠷ ᠲᠡᠭᠡᠨ ᠪᠢᠰᠢᠯᠭᠠᠨ ᠰᠠᠭᠤᠬᠤ ᠪᠣᠯᠵᠠᠢ᠃
ᠳᠦᠷᠭᠡᠨ᠎ᠡ ᠬᠠᠲᠤᠨ ᠲᠡᠳᠡᠨ ᠦ᠌ ᠣᠷᠣᠨ ᠳ᠋ᠤ᠌ ᠥᠪᠡᠷ ᠦ᠋ᠨ ᠬᠥᠮᠦᠰ ᠢ᠋ᠶ᠋ᠡᠨ ᠲᠣᠮᠢᠯᠠᠯ᠎ᠠ᠃ ᠬᠡᠳᠦᠢᠪᠡᠷ ᠳᠦᠷᠭᠡᠨ᠎ᠡ ᠶᠡᠬᠡ ᠬᠠᠲᠤᠨ ᠳ᠋ᠤ᠌ ᠲᠠᠪᠤᠨ ᠬᠥᠪᠡᠭᠦᠨ ᠪᠠᠢᠭᠰᠠᠨ ᠴᠤ ᠲᠡᠳᠡᠨ ᠦ᠌ ᠬᠡᠨ ᠢ᠋ᠶ᠋ᠡᠷ ᠨᠢ ᠴᠦ᠍ ᠲᠥᠷᠥ ᠶ᠋ᠢᠨ ᠬᠡᠷᠡᠭ ᠢ᠋ ᠤᠳᠤᠷᠢᠳᠤᠭᠤᠯᠬᠤ ᠰᠠᠢᠳ ᠪᠣᠯᠭᠠᠨ ᠲᠣᠮᠢᠯᠠᠭᠰᠠᠨ ᠦᠭᠡᠢ᠃ ᠬᠠᠲᠤᠨ ᠴᠠᠭᠠᠨ᠎ᠠ ᠪᠠᠨ ᠶᠠᠮᠠᠷ ᠤᠬᠠᠭᠠᠨ ᠰᠠᠳᠤᠨ ᠥᠪᠡᠷ ᠦ᠋ᠨ ᠬᠥᠪᠡᠭᠦᠳ ᠢ᠋ᠶ᠋ᠡᠨ ᠲᠥᠷᠥ ᠤᠯᠤᠰ ᠤ᠋ᠨ ᠬᠡᠷᠡᠭ ᠡᠴᠡ ᠬᠣᠯᠠ ᠪᠠᠢᠯᠭᠠᠬᠤ ᠪᠣᠯᠤᠭᠰᠠᠨ ᠢ᠋ ᠬᠥᠮᠦᠰ ᠤᠬᠠᠵᠤ ᠶᠠᠳᠠᠨ ᠪᠠᠢᠭᠰᠠᠨ ᠪᠣᠯ ᠡᠨᠡ ᠬᠡᠷᠡᠭ ᠶᠠᠪᠤᠳᠠᠯ ᠤ᠋ᠨ ᠦᠨᠡᠨ ᠢ᠋ ᠭᠠᠭᠴᠠᠬᠠᠨ ᠹᠲ᠋ᠢᠮᠠ ᠯᠠ ᠮᠡᠳᠡᠵᠦ ᠪᠠᠢᠯ᠎ᠠ᠃ ᠲᠡᠷᠡ ᠬᠠᠲᠤᠨ ᠤ᠋ ᠬᠠᠵᠠᠭᠤ ᠳ᠋ᠤ᠌ ᠪᠠᠢᠩᠭᠤ ᠪᠠᠢᠵᠤ ᠥᠪᠡᠷ ᠦ᠋ᠨ ᠰᠠᠨᠠᠭ᠎ᠠ ᠪᠣᠳᠣᠯ ᠢ᠋ ᠵᠥᠪᠰᠢᠶᠡᠷᠡᠭᠦᠯᠬᠦ ᠪᠣᠯᠵᠠᠢ᠃ ᠡᠵᠡᠨ᠂ ᠵᠠᠷᠤᠴᠠ ᠬᠣᠶᠠᠷ ᠡᠮᠡᠭᠲᠡᠢ ᠢᠩᠭᠢᠵᠦ ᠣᠢᠷᠠᠳᠬᠤ ᠶ᠋ᠢᠨ ᠬᠢᠷᠢ ᠪᠡᠷ ᠳᠦᠷᠭᠡᠨ᠎ᠡ᠂ ᠰᠤᠷᠬᠠᠭᠲᠠᠨᠢ ᠬᠣᠶᠠᠷ ᠤ᠋ᠨ ᠬᠣᠭᠣᠷᠣᠨᠳᠣᠬᠢ ᠵᠠᠢ ᠤᠯᠠᠮ ᠪᠦᠷ ᠠᠯᠤᠰᠷᠠᠨ ᠬᠣᠯᠠᠳᠤᠨ᠎ᠠ᠃
ᠡᠨᠡ ᠬᠣᠶᠠᠷ ᠬᠥᠮᠦᠨ ᠤᠭ ᠨᠢ ᠬᠣᠶᠠᠭᠤᠯᠠ ᠴᠢᠩᠭᠢᠰ ᠬᠠᠭᠠᠨ ᠤ᠋ ᠤᠬᠠᠭᠠᠨᠲᠤ ᠪᠡᠷᠢ ᠨᠦ᠍ᠭᠦᠳ ᠭᠡᠮᠡᠨ ᠨᠡᠷᠡᠯᠡᠭᠳᠡᠳᠡᠭ᠃ ᠳᠦᠷᠭᠡᠨ᠎ᠡ ᠬᠠᠲᠤᠨ ᠤ᠋ ᠰᠤᠷᠬᠠᠭᠲᠠᠨᠢ ᠠ᠋ᠴᠠ ᠢᠯᠭᠠᠭ᠎ᠠ ᠲᠠᠢ ᠨᠢ ᠡᠨᠡ ᠮᠥᠴᠡ ᠳ᠋ᠦ᠍ ᠡᠬᠡ ᠬᠥᠮᠦᠨ ᠦ᠌ ᠡᠭᠦᠷᠭᠡ ᠪᠡᠨ ᠤᠮᠠᠷᠲᠠᠭᠰᠠᠨ ᠮᠡᠲᠦ ᠠᠭᠠᠰᠢᠯᠠᠵᠤ ᠪᠠᠢᠭ᠎ᠠ ᠳ᠋ᠤ᠌ ᠬᠡᠷᠡᠭ ᠦ᠋ᠨ ᠤᠴᠢᠷ ᠪᠠᠢᠪᠠ᠃ ᠲᠥᠷᠥᠭᠦᠯᠦᠭᠰᠡᠨ ᠬᠥᠪᠡᠭᠦᠳ ᠦ᠋ᠨ ᠢ᠋ᠶ᠋ᠡᠨ ᠬᠡᠨ ᠳ᠋ᠦ᠍ᠨᠢ ᠴᠦ᠍ ᠲᠥᠷᠥ ᠶ᠋ᠢᠨ ᠬᠡᠷᠡᠭ ᠢ᠋ ᠤᠳᠤᠷᠢᠳᠤᠨ ᠶᠠᠪᠤᠭᠤᠯᠬᠤ ᠡᠷᠬᠡ ᠣᠯᠭᠣᠭ᠎ᠠ ᠦᠭᠡᠢ ᠨᠢ ᠡᠭᠦᠨ ᠢ᠋ ᠪᠠᠲᠤᠯᠠᠬᠤ ᠠᠵᠢ᠃
ᠡᠴᠦᠰ ᠲᠡᠭᠦᠰᠬᠡᠯ ᠦᠭᠡᠢ ᠠᠭᠠᠰᠢᠯᠠᠬᠤ ᠪᠣᠯᠤᠭᠰᠠᠨ ᠳᠦᠷᠭᠡᠨ᠎ᠡ ᠬᠠᠲᠤᠨ ᠤ᠋ ᠳᠡᠷᠭᠡᠳᠡ ᠦᠨᠡᠨ ᠳ᠋ᠡᠭᠡᠨ ᠮᠣᠩᠭᠣᠯ ᠬᠥᠮᠦᠨ ᠬᠣᠪᠣᠷ ᠪᠣᠯᠪᠠ᠃ ᠬᠠᠲᠤᠨ ᠡᠬᠡ ᠥᠪᠡᠷ ᠦ᠋ᠨ ᠰᠢᠪᠡᠭᠴᠢᠨ ᠹᠠᠲ᠋ᠢᠮᠠ ᠳ᠋ᠤ᠌ ᠲᠥᠷᠥ ᠶ᠋ᠢᠨ ᠵᠠᠷᠢᠮ ᠬᠡᠷᠡᠭ ᠤᠳᠤᠷᠢᠳᠤᠨ ᠶᠠᠪᠤᠭᠤᠯᠬᠤ ᠡᠷᠬᠡ ᠣᠯᠭᠣᠵᠤ᠂ ᠰᠡᠳᠬᠢᠯ ᠰᠠᠨᠠᠭ᠎ᠠ ᠨᠢ ᠳᠠᠭ᠎ᠠ ᠦᠭᠡᠢ ᠪᠠᠢᠬᠤ ᠦᠶ᠎ᠡ ᠳ᠋ᠡᠭᠡᠨ ᠵᠢᠷᠭᠠᠯ ᠵᠣᠪᠠᠯᠠᠩ ᠢ᠋ᠶ᠋ᠠᠨ ᠭᠠᠭᠴᠠᠬᠠᠨ ᠲᠡᠭᠦᠨ ᠲᠠᠢ ᠯᠠ ᠬᠤᠪᠢᠶᠠᠯᠴᠠᠬᠤ ᠪᠣᠯᠵᠠᠢ᠃ ᠬᠠᠲᠤᠨ ᠥᠪᠡᠷ ᠦ᠋ᠨ ᠡᠷᠬᠡ ᠮᠠᠲᠠᠯ ᠢ᠋ ᠤᠯᠠᠮ ᠪᠦᠷ ᠯᠠᠪᠰᠢᠷᠠᠭᠤᠯᠬᠤ ᠨᠢ ᠵᠦᠢ ᠲᠡᠢ ᠭᠡᠮᠡᠨ ᠦᠵᠡᠵᠦ᠂ ᠡᠵᠡᠯᠡᠨ ᠠᠪᠤᠭᠰᠠᠨ ᠤᠯᠤᠰ ᠣᠷᠣᠨ ᠨᠤᠭᠤᠳ ᠤ᠋ᠨ ᠤᠳᠤᠷᠢᠳᠤᠭᠴᠢ ᠶ᠋ᠢ ᠴᠦ᠍ ᠥᠪᠡᠷ ᠦ᠋ᠨ ᠲᠠᠯ᠎ᠠ ᠶ᠋ᠢᠨ ᠬᠥᠮᠦᠰ ᠢ᠋ᠶ᠋ᠡᠷ ᠲᠣᠮᠢᠯᠠᠵᠤ ᠡᠬᠢᠯᠡᠯ᠎ᠡ᠃
<>
ᠶᠡᠬᠡ ᠮᠣᠩᠭᠣᠯ ᠤᠯᠤᠰ ᠤ᠋ᠨ ᠬᠣᠶᠠᠷ ᠴᠤ᠌ ᠠᠭᠤᠤ ᠬᠠᠭᠠᠨ ᠤ᠋ ᠲᠥᠷᠥ ᠳ᠋ᠦ᠍ ᠦᠨᠡᠨᠴᠢ ᠪᠡᠷ ᠵᠢᠳᠬᠦᠵᠦ ᠢᠷᠡᠭᠰᠡᠨ ᠲᠥᠷᠥ ᠶ᠋ᠢᠨ ᠶᠡᠬᠡ ᠰᠠᠢᠳ ᠶᠸᠯᠢᠤᠢ ᠴᠦᠼᠠᠢ᠂ ᠰᠤᠷᠬᠠᠭᠲᠠᠨᠢ ᠬᠠᠲᠤᠨ ᠤ᠋ ᠳᠠᠭᠤᠳᠠᠭᠤᠯᠤᠭᠰᠠᠨ ᠶᠣᠰᠣ ᠪᠠᠷ ᠶᠡᠬᠡ ᠠᠭᠤᠷᠠᠭ ᠲᠤ᠌ ᠢᠷᠡᠵᠡᠢ᠃ ᠡᠳᠦᠭᠡ ᠨᠠᠰᠤ ᠰᠡᠭᠦᠳᠡᠷ ᠬᠡᠪᠡᠢᠭᠰᠡᠨ ᠶᠸᠯᠢᠤᠢ ᠴᠦᠼᠠᠢ ᠬᠠᠲᠤᠨ ᠳ᠋ᠤ᠌ ᠬᠦᠨᠳᠦᠳᠬᠡᠯ ᠢᠯᠡᠷᠬᠡᠢᠯᠡᠭᠡᠳ᠂ ᠠᠮᠤᠷ ᠮᠡᠨᠳᠦ ᠮᠡᠳᠡᠭᠡᠳ᠂
— ᠮᠣᠩᠭᠣᠯ ᠤ᠋ᠨ ᠲᠥᠷᠥ ᠳ᠋ᠦ᠍ ᠪᠠᠢᠬᠤ ᠠᠮᠤᠭᠤᠯᠠᠩ ᠴᠠᠭ ᠡᠳᠦᠷ ᠡᠳᠦᠷ ᠢ᠋ᠶ᠋ᠡᠷ ᠦᠭᠡᠢ ᠪᠣᠯᠵᠤ ᠪᠠᠢᠨ᠎ᠠ᠃ ᠲᠥᠷᠥ ᠶ᠋ᠢᠨ ᠰᠠᠢᠳ ᠤ᠋ᠳ ᠤᠭᠴᠠᠷᠠᠵᠤ᠂ ᠡᠵᠡᠨᠲᠦ ᠭᠦᠷᠦᠨ ᠳᠦᠷᠭᠡᠨ᠎ᠡ ᠬᠠᠲᠤᠨ ᠤ᠋ ᠮᠠᠲᠠᠯ ᠳ᠋ᠤ᠌ ᠣᠴᠢᠯ᠎ᠠ᠃ ᠤᠬᠠᠭᠠᠨ ᠦᠭᠡᠢ ᠮᠡᠲᠦ ᠠᠭᠠᠰᠢᠯᠠᠬᠤ ᠡᠨᠡ ᠬᠠᠲᠤᠨ ᠢ᠋ ᠬᠠᠷᠠᠨ ᠰᠠᠭᠤᠬᠤ ᠳ᠋ᠤ᠌ ᠰᠡᠳᠬᠢᠯ ᠴᠢᠯᠡᠬᠦ ᠶᠦᠮ ᠭᠡᠵᠦ ᠭᠠᠰᠢᠭᠤᠨ ᠢ᠋ᠶ᠋ᠠᠷ ᠥᠭᠦᠯᠡᠯ᠎ᠡ᠃ ᠮᠥᠩᠬᠡ ᠲᠡᠭᠷᠢ ᠶ᠋ᠢᠨ ᠪᠢᠯᠢᠭ ᠤᠬᠠᠭᠠᠨ ᠤ᠋ ᠢᠯᠡᠭᠡᠯᠲᠡ ᠰᠢᠭ ᠮᠣᠩᠭᠣᠯ ᠲᠥᠷᠥ ᠶ᠋ᠢᠨ ᠦᠨᠡᠨᠴᠢ ᠠᠯᠪᠠᠲᠤ ᠥᠨᠥ ᠬᠠᠲᠤᠨ ᠤ᠋ ᠡᠮᠦᠨ᠎ᠡ ᠰᠢᠨᠠᠯᠤᠨ ᠰᠠᠭᠤᠵᠤ ᠪᠣᠢ ᠶ᠋ᠢ ᠬᠠᠷᠠᠬᠤ ᠳ᠋ᠤ᠌ ᠰᠡᠳᠬᠢᠯ ᠡᠮᠲᠡᠷᠡᠮ᠎ᠡ ᠠᠵᠤᠭᠤ᠃ ᠰᠤᠷᠬᠠᠭᠲᠠᠨᠢ ᠳ᠋ᠤ᠌ ᠶᠸᠯᠢᠤᠢ ᠴᠦᠼᠠᠢ ᠶ᠋ᠢ ᠲᠠᠢᠪᠤᠰᠢᠷᠠᠭᠤᠯᠬᠤ ᠦᠭᠡ ᠪᠠᠢᠭᠰᠠᠨ ᠦᠭᠡᠢ᠃
— ᠦᠷᠭᠦᠯᠵᠢ ᠶ᠋ᠢᠨ ᠰᠠᠨᠠᠭ᠎ᠠ ᠠᠮᠤᠷ ᠪᠠᠢᠳᠠᠯ ᠦᠨᠡᠨᠳᠡᠭᠡᠨ ᠳᠠᠷᠠᠭ᠎ᠠ ᠶ᠋ᠢᠨ ᠶᠡᠬᠡ ᠤᠢᠳᠬᠠᠷ ᠭᠤᠨᠢᠭ ᠢ᠋ ᠠᠪᠴᠤ ᠢᠷᠡᠳᠡᠭ ᠪᠠᠢᠵᠤ ᠪᠣᠯᠬᠤ ᠶᠤᠮ᠃ ᠬᠠᠲᠤᠨ ᠮᠢᠨᠦ ᠲᠠᠨ ᠢ᠋ ᠳᠠᠭᠤᠳᠠᠭᠤᠯᠤᠭᠰᠠᠨ ᠰᠠᠨᠠᠭ᠎ᠠ ᠪᠣᠯ ᠢᠷᠣᠭᠠᠷ ᠦᠭᠡᠢ ᠮᠡᠲᠦ ᠦᠷᠭᠦᠯᠵᠢᠯᠡᠬᠦ ᠡᠨᠡ ᠬᠦᠨᠳᠦ ᠡᠳᠦᠷ ᠦ᠋ᠳ ᠲᠦ᠍ ᠴᠤ ᠲᠥᠷᠥ ᠶ᠋ᠢᠨ ᠦᠨᠡᠨ ᠢ᠋ ᠮᠠᠷᠲᠠᠬᠤ ᠦᠭᠡᠢ ᠰᠠᠭᠤᠬᠤ ᠭᠡᠰᠡᠨ ᠬᠡᠷᠡᠭ ᠪᠢᠯᠡ᠃ ᠲᠥᠷᠥ ᠭᠡᠵᠦ ᠪᠠᠢᠬᠤᠢ ᠳ᠋ᠤᠷ ᠲᠡᠭᠦᠨ ᠢ᠋ ᠵᠠᠰᠠᠨ ᠶᠠᠪᠤᠬᠤ ᠤᠬᠠᠭᠠᠨ ᠭᠡᠵᠦ ᠪᠠᠢᠬᠤ ᠶᠣᠰᠣᠲᠠᠢ ᠶ᠋ᠢ ᠶᠡᠬᠡ ᠡᠵᠡᠨ ᠬᠠᠭᠠᠨ ᠤ᠋ ᠦᠶ᠎ᠡ ᠡᠴᠡ ᠪᠢᠳᠡ ᠮᠡᠳᠡᠬᠦ ᠪᠣᠯᠤᠭᠰᠠᠨ᠃ ᠬᠠᠷᠢᠨ ᠡᠨᠡ ᠦᠨᠡᠨ ᠢ᠋ ᠬᠠᠭᠠᠨ ᠡᠵᠡᠨ ᠦ᠌ ᠳᠡᠷᠭᠡᠳᠡ ᠡᠴᠡ ᠲᠤᠭᠤᠯᠵᠤ ᠰᠣᠨᠣᠰᠤᠨ ᠪᠠᠢᠭᠰᠠᠨ ᠬᠥᠮᠦᠨ ᠦ᠌ ᠬᠤᠪᠢ ᠳ᠋ᠤ᠌ ᠲᠠᠨ ᠢ᠋ ᠳᠠᠭᠤᠳᠠᠭᠤᠯᠪᠠ ᠭᠡᠬᠦ ᠳ᠋ᠦ᠍᠂
— ᠬᠠᠲᠤᠨ ᠤ᠋ ᠬᠡᠯᠡᠳᠡᠭ ᠵᠦᠢ ᠲᠡᠢ ᠰᠠᠨᠠᠭ᠎ᠠ᠂ ᠨᠠᠰᠤ ᠥᠨᠳᠥᠷ ᠪᠣᠯᠵᠤ᠂ ᠣᠢᠷ᠎ᠠ ᠬᠣᠯᠠ ᠶ᠋ᠢ ᠬᠠᠷᠠᠬᠤ ᠨᠢ ᠴᠠᠭ ᠤ᠋ᠨ ᠡᠷᠬᠡ ᠪᠡᠷ ᠴᠠᠭᠠᠰᠢᠯᠠᠨ ᠪᠣᠢ ᠨᠠᠳᠠ ᠳ᠋ᠤ᠌ ᠨᠡᠮᠡᠷᠢ ᠪᠣᠯᠬᠤ ᠵᠦᠢᠯ ᠪᠠᠭ᠎ᠠ ᠴᠤ ᠭᠡᠰᠡᠨ ᠰᠣᠨᠣᠰᠴᠤ ᠲᠤᠭᠤᠯᠤᠭᠰᠠᠨ ᠢ᠋ᠶ᠋ᠠᠨ ᠬᠤᠪᠢᠶᠠᠯᠴᠠᠬᠤ ᠳ᠋ᠤ᠌ ᠪᠣᠯᠬᠤ ᠦᠭᠡᠢ ᠨᠢ ᠶᠠᠭᠤ ᠪᠢᠯᠡ?
ᠴᠢᠩᠭᠢᠰ ᠬᠠᠭᠠᠨ ᠤ᠋ ᠶᠡᠬᠡ ᠵᠠᠰᠠᠭ ᠬᠠᠤᠯᠢ ᠮᠠᠷᠲᠠᠭᠳᠠᠬᠤ ᠰᠢᠬᠠᠵᠤ᠂ ᠬᠠᠭᠠᠳ ᠨᠣᠶᠠᠳ ᠥᠪᠡᠷ ᠦ᠋ᠨ ᠳᠤᠷ᠎ᠠ ᠪᠠᠷ ᠠᠭᠠᠰᠢᠯᠠᠬᠤ ᠪᠣᠯᠤᠯ᠎ᠠ᠃ ᠬᠠᠷᠢᠨ ᠲᠥᠷᠥ ᠪᠠᠷᠢᠬᠤ ᠦᠨᠡᠨ ᠢ᠋ ᠨᠡᠭᠡᠭᠡᠨ ᠬᠡᠯᠡᠵᠦ ᠥᠭᠪᠡᠯ ᠥᠨᠥ ᠪᠢᠰᠢ ᠴᠤ᠌ ᠬᠣᠵᠢᠮ ᠤ᠋ᠨ ᠦᠷ᠎ᠡ ᠰᠠᠲᠤ ᠳ᠋ᠤ᠌ ᠬᠡᠷᠡᠭᠲᠡᠢ ᠪᠤᠶᠤ ᠭᠡᠵᠦ ᠰᠡᠳᠬᠢᠨ᠎ᠡ ᠭᠡᠵᠦ ᠬᠠᠲᠤᠨ ᠬᠡᠯᠡᠯ᠎ᠡ᠃
ᠡᠨᠡ ᠡᠳᠦᠷ ᠡᠴᠡ ᠬᠣᠢᠰᠢ ᠶᠸᠯᠢᠤᠢ ᠴᠦᠼᠠᠢ ᠠᠭᠤᠷᠠᠭ ᠲᠤ ᠬᠡᠳᠦᠨ ᠰᠠᠷ᠎ᠠ ᠶ᠋ᠢ ᠦᠳᠡᠪᠡ᠃ ᠭᠠᠵᠠᠷ ᠭᠠᠵᠠᠷ ᠠ᠋ᠴᠠ ᠵᠠᠯᠠᠨ ᠢᠷᠡᠭᠰᠡᠨ ᠨᠣᠮ ᠤ᠋ᠨ ᠶᠡᠬᠡ ᠪᠠᠭᠰᠢ ᠨᠠᠷ ᠪᠣᠯᠤᠨ ᠰᠤᠷᠬᠠᠭᠲᠠᠨᠢ ᠬᠠᠲᠤᠨ᠂ ᠶᠸᠯᠢᠦᠢ ᠴᠦᠼᠠᠢ ᠭᠡᠳ ᠡᠷᠳᠡᠮ ᠨᠣᠮ ᠳ᠋ᠤ᠌ ᠨᠡᠪᠲᠡᠷᠡᠭᠰᠡᠨ ᠬᠥᠮᠦᠰ ᠲᠥᠷᠥ ᠶ᠋ᠢᠨ ᠮᠠᠨᠳᠤᠯ ᠪᠠᠳᠠᠷᠠᠯ ᠬᠢᠭᠡᠳ ᠤᠨᠠᠯᠲᠠ ᠳᠣᠷᠣᠢᠲᠠᠯ ᠤ᠋ᠨ ᠰᠢᠯᠲᠠᠭᠠᠨ ᠢ᠋ ᠰᠢᠭᠦᠨ ᠲᠤᠩᠭᠠᠵᠤ᠂ ᠪᠢᠴᠢᠵᠦ ᠰᠡᠢᠷᠡᠭᠦᠯᠬᠦ ᠶᠡᠬᠡ ᠠᠵᠢᠯ ᠤᠨᠳᠤᠷᠤᠨ ᠪᠠᠢᠪᠠ᠃ ᠲᠥᠷᠥ ᠶ᠋ᠢ ᠮᠡᠷᠭᠡᠨ ᠤᠬᠠᠭᠠᠨ ᠢ᠋ᠶ᠋ᠠᠷ ᠵᠠᠯᠠᠵᠤ ᠪᠠᠢᠭᠰᠠᠨ ᠪᠣᠳᠣᠯᠭ᠎ᠠ ᠨᠢᠭᠡᠨᠲᠡ ᠠᠯᠳᠠᠭᠳᠠᠬᠤ ᠳ᠋ᠤ᠌ ᠬᠦᠷᠦᠭᠡᠳ ᠪᠠᠢᠯ᠎ᠠ᠃ ᠮᠣᠩᠭᠣᠯ ᠲᠥᠷᠥ ᠶ᠋ᠢᠨ ᠡᠵᠡᠨ᠂ ᠬᠠᠭᠠᠨ ᠤ᠋ ᠥᠨᠳᠥᠷ ᠰᠡᠨᠳᠡᠢ ᠳ᠋ᠦ᠍ ᠰᠠᠭᠤᠬᠤ ᠬᠥᠮᠦᠨ ᠠᠯᠲᠠᠨ ᠤᠷᠤᠭ ᠤ᠋ᠨ ᠬᠢᠨ ᠡᠴᠡ ᠴᠣᠬᠣᠮ ᠬᠡᠨ ᠨᠢ ᠪᠠᠢᠬᠤ ᠪᠣᠢ?
ᠥᠨᠥ ᠬᠦᠷᠲᠡᠯ᠎ᠡ ᠡᠵᠡᠨᠲᠦ ᠭᠦᠷᠦᠨ ᠦ᠌ ᠡᠷᠬᠡ ᠶ᠋ᠢ ᠪᠠᠷᠢᠵᠤ ᠲᠥᠷᠥ ᠶ᠋ᠢᠨ ᠲᠠᠮᠠᠭ᠎ᠠ ᠭᠠᠷ ᠲᠠᠭᠠᠨ ᠠᠳᠬᠤᠭᠰᠠᠭᠠᠷ ᠪᠠᠢᠭ᠎ᠠ ᠳᠦᠷᠭᠡᠨ᠎ᠡ ᠬᠠᠲᠤᠨ ᠦᠨᠡᠨ ᠬᠡᠷᠡᠭ ᠲᠡᠭᠡᠨ ᠥᠪᠡᠷ ᠦ᠋ᠨ ᠤᠬᠠᠭᠠᠨ ᠢ᠋ᠶ᠋ᠠᠷ ᠪᠤᠰᠤ ᠬᠠᠷᠢ ᠬᠥᠮᠦᠰ ᠦ᠋ᠨ ᠲᠣᠯᠣᠭᠠᠢ ᠪᠠᠷ ᠤᠯᠤᠰ ᠣᠷᠣᠨ ᠢ᠋ᠶ᠋ᠠᠨ ᠵᠠᠯᠠᠨ ᠤᠳᠤᠷᠢᠳᠴᠤ ᠪᠠᠢᠯ᠎ᠠ᠃ ᠲᠡᠭᠦᠨ ᠦ᠌ ᠬᠠᠵᠠᠭᠤ ᠳ᠋ᠤ᠌ ᠪᠠᠢᠩᠭᠤ ᠪᠠᠢᠬᠤ ᠹᠠᠲ᠋ᠢᠮᠠ᠂ ᠬᠠᠲᠤᠨ ᠤ᠋ ᠦᠷᠭᠦᠭᠡᠨ ᠳ᠋ᠦ᠍ ᠴᠢᠯᠥᠭᠡᠲᠡᠢ ᠨᠡᠪᠲᠡᠷᠡᠵᠦ᠂ ᠲᠥᠷᠥ ᠶ᠋ᠢᠨ ᠬᠡᠷᠡᠭ ᠲᠦ᠍ ᠣᠷᠣᠯᠴᠠᠬᠤ ᠪᠣᠯᠤᠭᠰᠠᠨ ᠢ᠋ᠶ᠋ᠠᠷ ᠥᠪᠡᠷ ᠦ᠋ᠨ ᠰᠡᠳᠬᠢᠯ ᠳ᠋ᠦ᠍ ᠲᠠᠭᠠᠷᠠᠭ᠎ᠠ ᠦᠭᠡᠢ ᠶᠡᠬᠡᠰ ᠳᠡᠭᠡᠳᠦᠰ ᠰᠠᠢᠳ ᠲᠦᠰᠢᠮᠡᠳ ᠦ᠋ᠨ ᠣᠷᠣᠨ ᠳ᠋ᠤ᠌ ᠥᠪᠡᠷ ᠦ᠋ᠨ ᠲᠠᠯ᠎ᠠ ᠶ᠋ᠢᠨ ᠬᠥᠮᠦᠨ ᠢ᠋ᠶ᠋ᠡᠨ ᠲᠣᠮᠢᠯᠠᠭᠤᠯᠤᠨ ᠪᠠᠢᠬᠤ ᠳ᠋ᠤ᠌ ᠠᠪᠲᠤᠯ ᠷᠠᠬᠠᠮᠠᠨ ᠬᠠᠲᠤᠨ ᠤ᠋ ᠰᠦᠷ ᠳᠣᠣᠷ᠎ᠠ ᠲᠥᠷᠥ ᠶ᠋ᠢᠨ ᠡᠮᠦᠨ᠎ᠡ ᠡᠴᠡ ᠠᠯᠪᠠ ᠭᠤᠪᠴᠢᠭᠤᠷ ᠬᠤᠷᠢᠶᠠᠵᠤ᠂ ᠠᠷᠠᠳ ᠲᠦᠮᠡᠨ ᠦ᠌ ᠨᠢᠷᠤᠭᠤᠨ ᠳᠡᠭᠡᠷ᠎ᠡ ᠬᠦᠨᠳᠦᠬᠡᠨ ᠠᠴᠢᠶ᠎ᠠ ᠣᠪᠣᠭᠠᠯᠠᠨ ᠪᠠᠢᠪᠠ᠃
ᠥᠭᠡᠳᠡᠢ ᠬᠠᠭᠠᠨ ᠬᠠᠷᠠᠬᠣᠷᠣᠮ ᠤ᠋ᠨ ᠰᠢᠪᠠ ᠶ᠋ᠢ ᠲᠠᠯᠪᠢᠵᠤ ᠮᠣᠩᠭᠣᠯ ᠤ᠋ᠨ ᠡᠵᠡᠨᠲᠦ ᠭᠦᠷᠦᠨ ᠦ᠌ ᠨᠡᠢᠰᠯᠡᠯ ᠪᠣᠯᠭᠠᠭᠰᠠᠨ ᠴᠤ᠌ ᠥᠪᠡᠷ ᠢ᠋ᠶ᠋ᠡᠨ ᠬᠠᠷᠠᠬᠣᠷᠣᠮ ᠠ᠋ᠴᠠ ᠵᠠᠢᠳᠠᠭᠤ ᠪᠠᠭᠤᠳᠠᠯᠯᠠᠨ ᠨᠡᠭᠦᠳᠡᠯ ᠦ᠋ᠨ ᠣᠷᠳᠣᠨ ᠳ᠋ᠠᠭᠠᠨ ᠠᠮᠢᠳᠤᠷᠠᠨ᠂ ᠵᠢᠯ ᠳᠦ ᠳᠥᠷᠪᠡᠨ ᠤᠳᠠᠭ᠎ᠠ ᠨᠡᠭᠦᠳᠡᠯᠯᠡᠨ ᠲᠥᠷᠥ ᠤᠯᠤᠰ ᠤ᠋ᠨ ᠬᠡᠷᠡᠭ ᠢ᠋ ᠶᠠᠪᠤᠭᠤᠯᠳᠠᠭ ᠪᠠᠢᠭᠰᠠᠨ ᠵᠢᠱ᠌ᠢᠶ᠎ᠡ ᠶ᠋ᠢᠨ ᠳᠠᠭᠠᠤ ᠳᠦᠷᠭᠡᠨ᠎ᠡ ᠬᠠᠲᠤᠨ ᠴᠤ ᠲᠥᠷᠥ ᠶ᠋ᠢᠨ ᠶᠡᠬᠡ ᠡᠷᠬᠡ ᠶ᠋ᠢ ᠨᠡᠭᠦᠳᠡᠯ ᠦ᠋ᠨ ᠣᠷᠳᠣᠨ ᠠ᠋ᠴᠠ ᠪᠠᠨ ᠶᠠᠪᠤᠭᠤᠯᠵᠤ ᠪᠠᠢᠪᠠ᠃ ᠳᠦᠷᠭᠡᠨ᠎ᠡ ᠬᠠᠲᠤᠨ ᠤ᠋ ᠦᠷᠭᠦᠭᠡᠨ ᠳ᠋ᠦ᠍ ᠹᠠᠲ᠋ᠢᠮᠠ ᠪᠣᠯᠤᠨ ᠠᠪᠳᠤᠯ ᠷᠠᠬᠠᠮᠠᠨ ᠨᠠᠷ ᠪᠠᠢᠯ᠎ᠠ᠃ᠬᠠᠲᠤᠨ ᠡᠬᠡ ᠬᠢᠯᠢᠩ ᠲᠡᠢ ᠬᠠᠷᠠᠭᠳᠠᠨ᠎ᠠ᠃ ᠹᠠᠲ᠋ᠢᠮᠠ ᠡᠵᠡᠨ ᠬᠠᠲᠤᠨ ᠤ᠋ ᠪᠠᠨ ᠰᠡᠳᠬᠢᠯ ᠢ᠋ ᠲᠠᠢᠪᠤᠰᠢᠷᠠᠭᠤᠯᠬᠤ ᠭᠡᠵᠦ ᠨᠠᠢᠷ ᠲᠠᠯᠪᠢᠨ ᠪᠣᠢ ᠨᠢ ᠢᠯᠡᠳᠲᠡ᠂ ᠨᠠᠭᠠᠯᠢᠩᠬᠠᠢ ᠥᠩᠭᠡ ᠪᠡᠷ ᠂
— ᠬᠠᠲᠤᠨᠲᠠᠨ ᠮᠢᠨᠢ ᠨᠢᠭᠡᠨᠲᠡ ᠶᠡᠬᠡ ᠬᠠᠲᠤᠨ ᠢ᠋ ᠠᠯᠲᠠᠨ ᠤᠷᠤᠭ ᠤ᠋ᠨ ᠬᠢᠨ ᠬᠦᠯᠢᠶᠡᠨ ᠵᠥᠪᠰᠢᠶᠡᠷᠡᠭᠰᠡᠭᠡᠷ ᠪᠠᠢᠬᠤ ᠳ᠋ᠤ᠌ ᠢᠩᠭᠢᠵᠦ ᠥᠪᠡᠷ ᠦ᠋ᠨ ᠳᠤᠷ᠎ᠠ ᠪᠠᠷ ᠠᠪᠤᠷᠢᠯᠠᠨ ᠲᠥᠷᠥ ᠶ᠋ᠢᠨ ᠬᠡᠷᠡᠭ ᠲᠦ᠍ ᠬᠣᠰᠢᠭᠤ ᠲᠥᠷᠥᠵᠦ᠂ ᠠᠷᠠᠳ ᠤ᠋ᠨ ᠳᠤᠮᠳᠠ ᠪᠣᠰᠤᠯᠭ᠎ᠠ ᠬᠥᠳᠡᠯᠭᠡᠭᠡᠨ ᠵᠣᠬᠢᠶᠠᠨ ᠪᠠᠢᠭᠤᠯᠬᠤ ᠭᠡᠵᠦ ᠪᠠᠢᠭ᠎ᠠ ᠬᠥᠮᠦᠰ ᠢ᠋ ᠬᠠᠷᠭᠢᠰ ᠢ᠋ᠶ᠋ᠠᠷ ᠰᠢᠭᠦᠨ ᠴᠡᠭᠡᠷᠯᠡᠭᠦᠯᠵᠦ᠂ ᠣᠯᠠᠨ ᠲᠦᠮᠡᠨ ᠦ᠌ ᠨᠢᠳᠦᠨ ᠳᠡᠭᠡᠷ᠎ᠡ ᠭᠡᠰᠬᠡᠪᠡᠯ ᠳᠡᠭᠡᠷ᠎ᠡ ᠦᠭᠡᠢ ᠤᠤ ᠭᠡᠬᠦ ᠳᠦ ᠠᠪᠲᠤᠯ ᠷᠠᠬᠠᠮᠠᠨ ᠶᠠᠷᠢᠶᠠᠨ ᠳ᠋ᠤ᠌ ᠣᠷᠣᠯᠴᠠᠨ᠂
— ᠶᠡᠬᠡ ᠬᠠᠲᠤᠨ ᠲᠠᠨ ᠤ᠋ ᠪᠣᠳᠣᠯᠭ᠎ᠠ ᠶ᠋ᠢ ᠡᠰᠡᠷᠭᠦᠴᠡᠵᠦ ᠪᠠᠢᠭ᠎ᠠ ᠬᠥᠮᠦᠰ ᠢ᠋ ᠣᠯᠠᠨ ᠤ᠋ ᠨᠢᠳᠦᠨ ᠳᠡᠭᠡᠷ᠎ᠡ ᠬᠣᠷᠣᠭᠠᠪᠠᠯ ᠠᠯᠲᠠᠨ ᠤᠷᠤᠭ ᠤ᠋ᠨ ᠬᠢᠨ ᠦ᠌ ᠬᠢᠯᠢᠩ ᠶᠡᠬᠡᠰᠴᠦ᠂ᠥᠷᠥᠰᠢᠶᠡᠯᠲᠦ ᠬᠠᠭᠠᠨ ᠥᠭᠡᠳᠡᠢ ᠶ᠋ᠢᠨ ᠵᠠᠰᠠᠭ ᠦᠭᠡᠢ ᠪᠣᠯᠵᠠᠢ ᠭᠡᠮᠡᠨ ᠳᠠᠷᠠᠭ᠎ᠠ ᠶ᠋ᠢᠨ ᠬᠠᠭᠠᠨ ᠢ᠋ ᠵᠠᠯᠠᠬᠤ ᠠᠵᠢᠯ ᠢ᠋ ᠲᠦᠷᠭᠡᠳᠬᠡᠬᠦ ᠲᠤᠯᠠ ᠣᠯᠠᠨ ᠤ᠋ ᠨᠢᠳᠦᠨ ᠳᠡᠭᠡᠷ᠎ᠡ ᠴᠠᠭᠠᠵᠠᠯᠠᠨ ᠬᠣᠷᠣᠭᠠᠬᠤ ᠠ᠋ᠴᠠ ᠢᠯᠡᠭᠦᠦ ᠪᠡᠷ ᠳᠠᠯᠳᠠᠭᠤᠷ ᠭᠦᠢᠴᠡᠳᠬᠡᠪᠡᠯ ᠶᠠᠮᠠᠷ ᠪᠣᠢ ᠭᠡᠯᠡ᠃
ᠳᠦᠷᠭᠡᠨ᠎ᠡ ᠬᠠᠲᠤᠨ ᠠᠪᠲᠤᠯ ᠷᠠᠬᠠᠮᠠᠨ ᠢ᠋ ᠰᠠᠢᠰᠢᠶᠠᠨ ᠬᠠᠷᠠᠵᠤ᠂
— ᠴᠢᠨᠦ ᠵᠥᠪ᠃ ᠪᠢ ᠴᠦ᠍ ᠲᠡᠭᠡᠵᠦ ᠪᠣᠳᠣᠵᠤ ᠪᠠᠢᠨ᠎ᠠ᠃ ᠬᠠᠲᠤᠨ ᠮᠢᠨᠦ ᠵᠠᠷᠯᠢᠭ ᠢ᠋ ᠡᠰᠡᠷᠭᠦᠴᠡᠨ ᠪᠣᠰᠤᠭᠴᠢ ᠪᠠᠷᠠᠭᠤᠨ ᠡᠲᠡᠭᠡᠳ ᠲᠦ᠍ ᠰᠠᠭᠤᠭ᠎ᠠ ᠴᠢᠩᠭᠠᠢ ᠴᠢᠩᠰᠠᠩ ᠪᠣᠯᠤᠨ ᠵᠡᠭᠦᠨᠲᠡᠢ ᠳ᠋ᠦ᠍ ᠰᠠᠭᠤᠭ᠎ᠠ ᠮᠠᠬᠠᠮᠦ᠋ᠳ᠋ ᠶᠡᠯᠡᠸᠡᠴᠢ ᠶ᠋ᠢ ᠬᠥᠮᠦᠨ ᠶᠠᠪᠤᠭᠤᠯᠤᠨ ᠰᠡᠮᠡᠬᠡᠷ ᠬᠣᠷᠣᠭᠠᠬᠤ ᠨᠢ ᠵᠦᠢ ᠳ᠋ᠦ᠍ ᠨᠡᠢᠴᠡᠨ᠎ᠡ᠃ ᠬᠠᠷᠢᠨ ᠬᠠᠨ ᠬᠦᠦ ᠶ᠋ᠢ ᠬᠡᠷᠬᠢᠬᠦ ᠪᠢᠯᠡ᠃ ᠪᠢ ᠲᠡᠭᠦᠨ ᠦ᠌ ᠪᠡᠶ᠎ᠡ ᠶ᠋ᠢ ᠲᠥᠷᠥᠭᠦᠯᠦᠭᠰᠡᠨ ᠡᠴᠡ ᠤᠬᠠᠭᠠᠨ ᠢ᠋ ᠨᠢ ᠲᠥᠷᠥᠭᠦᠯᠦᠭᠡ ᠦᠭᠡᠢ᠂ ᠡᠬᠡ ᠶ᠋ᠢᠨ ᠥᠭᠡᠳᠡ ᠡᠴᠡ ᠪᠣᠰᠴᠤ ᠪᠠᠢᠭ᠎ᠠ ᠭᠣᠳᠠᠨ ᠢ᠋ ᠠᠵᠢᠭᠯᠠᠨ ᠰᠠᠭᠤᠬᠤ ᠠ᠋ᠴᠠ ᠥᠭᠡᠷ᠎ᠡ ᠠᠷᠭ᠎ᠠ ᠦᠭᠡᠢ ᠭᠡᠮᠡᠨ ᠪᠣᠳᠣᠯᠭᠠᠰᠢᠷᠠᠯᠠ᠃
ᠲᠦᠷᠭᠡᠨ᠎ᠡ ᠬᠠᠲᠤᠨ ᠤ᠋ ᠥᠷᠥᠭᠡᠨ ᠳ᠋ᠦ᠍ ᠡᠢᠨ ᠶᠠᠷᠢᠶ᠎ᠠ ᠪᠣᠯᠤᠭᠰᠠᠨ ᠤ᠋ ᠳᠠᠷᠠᠭ᠎ᠠ᠂ ᠮᠣᠩᠭᠣᠯ ᠤ᠋ᠨ ᠲᠥᠷᠥ ᠳ᠋ᠦ᠍ ᠴᠥᠪ ᠦ᠋ᠨ ᠴᠠᠭ ᠢᠷᠡᠭᠰᠡᠨ ᠦ᠌ ᠰᠢᠨᠵᠢ ᠬᠡᠳᠦᠢᠨ ᠦ᠌ ᠪᠦᠷᠢᠳᠴᠦ ᠥᠭᠡᠳᠡᠢ ᠬᠠᠭᠠᠨ ᠤ᠋ ᠵᠠᠰᠠᠭ ᠲᠤ᠌ ᠦᠨᠡᠨᠴᠢ ᠪᠡᠷ ᠠᠵᠢᠯᠯᠠᠵᠤ ᠪᠠᠢᠭᠰᠠᠨ ᠰᠠᠢᠳ ᠲᠦᠰᠢᠮᠡᠳ ᠭᠡᠷ ᠵᠠᠭᠤᠷ᠎ᠠ ᠪᠠᠨ ᠬᠣᠣᠷᠯᠠᠭᠳᠠᠭᠰᠠᠨ ᠰᠤᠷᠠᠭ ᠮᠡᠷ ᠰᠡᠷ ᠭᠠᠷᠴᠤ ᠡᠬᠢᠯᠡᠪᠡ᠃ ᠪᠠᠷᠠᠭᠤᠨ ᠡᠲᠡᠭᠡᠳ ᠲᠦ᠍ ᠰᠠᠭᠤᠭ᠎ᠠ ᠴᠢᠩᠭᠠᠢ ᠴᠢᠩᠰᠠᠩ ᠪᠣᠯᠤᠨ ᠵᠡᠭᠦᠨᠲᠡᠢ ᠳ᠋ᠦ᠍ ᠰᠠᠭᠤᠭ᠎ᠠ ᠮᠠᠬᠠᠮᠦ᠋ᠳ᠋ ᠶᠡᠯᠡᠸᠡᠴᠢ᠂ ᠳᠣᠷᠣᠨᠠᠲᠤ ᠢᠷᠡᠨ ᠦ᠌ ᠬᠡᠷᠡᠭ ᠢ᠋ ᠲᠦᠷ ᠬᠠᠮᠢᠶᠠᠷᠴᠤ ᠪᠠᠢᠭᠰᠠᠨ ᠤᠢᠭᠤᠷ ᠭᠠᠷᠤᠯ ᠲᠠᠢ ᠪᠢᠴᠢᠭ ᠦ᠋ᠨ ᠲᠦᠰᠢᠮᠡᠯ ᠺᠣᠷᠭᠣᠽ ᠪᠣᠯᠤᠨ ᠥᠭᠡᠳᠡᠢ ᠬᠠᠭᠠᠨ ᠤ᠋ ᠬᠦᠦ ᠭᠣᠳᠠᠨ ᠨᠠᠷ ᠲᠦᠷᠭᠡᠨ᠎ᠡ ᠬᠠᠲᠤᠨ ᠤ᠋ ᠲᠥᠷᠥ ᠶ᠋ᠢᠨ ᠡᠷᠬᠡ ᠶ᠋ᠢ ᠭᠠᠷ ᠲᠠᠭᠠᠨ ᠠᠪᠴᠤ ᠳᠤᠷ᠎ᠠ ᠪᠠᠷ ᠢ᠋ᠶ᠋ᠠᠨ ᠠᠭᠠᠰᠢᠯᠠᠵᠤ ᠪᠠᠢᠭ᠎ᠠ ᠳ᠋ᠤ᠌ ᠡᠰᠡᠷᠭᠦᠴᠡᠯ ᠢ᠋ ᠢᠯᠡᠷᠬᠡᠢᠯᠡᠨ᠂ ᠠᠯᠲᠠᠨ ᠤᠷᠤᠭ ᠤ᠋ᠨ ᠬᠢᠨ ᠦ᠌ ᠳᠡᠮᠵᠢᠯᠭᠡ ᠶ᠋ᠢ ᠠᠪᠴᠤ᠂ ᠪᠣᠰᠤᠯᠭ᠎ᠠ ᠲᠡᠮᠡᠴᠡᠯ ᠥᠷᠨᠢᠭᠦᠯᠬᠦ ᠪᠡᠷ ᠵᠡᠬᠡᠵᠦ ᠪᠠᠢᠪᠠ᠃
※
ᠡᠵᠡᠨᠲᠦ ᠭᠦᠷᠦᠨ ᠦ᠌ ᠨᠡᠢᠰᠯᠡᠯ ᠬᠠᠷᠠᠬᠣᠷᠣᠮ ᠤᠷᠢᠳᠤ ᠶ᠋ᠢᠨ ᠰᠠᠢᠬᠠᠨ ᠴᠠᠭ ᠢ᠋ ᠦᠭᠡᠢᠯᠡᠬᠦ ᠳ᠋ᠡᠭᠡᠨ ᠰᠠᠯᠬᠢᠨ ᠬᠦᠷᠲᠡᠯ᠎ᠡ ᠳᠤᠲᠠᠭᠤ ᠢᠰᠬᠡᠷᠴᠦ ᠪᠠᠢᠬᠤ ᠰᠢᠭ᠋ ᠴᠠᠭᠠᠨ᠎ᠠ ᠪᠠᠨ ᠯᠠ ᠣᠢ ᠲᠠᠢ᠃ ᠡᠭᠡᠯ ᠠᠷᠠᠳ ᠠ᠋ᠴᠠ ᠡᠬᠢᠯᠡᠭᠡᠳ ᠶᠡᠬᠡᠰ ᠳᠡᠭᠡᠳᠦᠰ ᠬᠦᠷᠲᠡᠯ᠎ᠡ ᠶᠠᠮᠠᠷ ᠨᠢᠭᠡᠨ ᠬᠡᠷᠡᠭ ᠲᠦ᠍ ᠣᠷᠣᠴᠢᠬᠠᠬᠤ ᠦᠭᠡᠢ ᠶ᠋ᠢᠨ ᠲᠤᠯᠠᠳᠠ ᠬᠡᠯᠡᠬᠦ ᠦᠭᠡ ᠪᠡᠨ ᠬᠢᠨᠠᠵᠤ᠂ ᠥᠪᠡᠷ ᠵᠠᠭᠤᠷ᠎ᠠ ᠪᠠᠨ ᠰᠠᠮ ᠶᠠᠷᠢᠬᠤ ᠪᠣᠯᠤᠯ᠎ᠠ᠃ ᠦᠭᠡ ᠶᠠᠷᠢᠶ᠎ᠠ ᠪᠠᠨ ᠴᠡᠨᠡᠬᠦ ᠦᠭᠡᠢ ᠠᠪᠠᠰᠤ ᠬᠡᠯᠡᠭᠰᠡᠨ ᠦᠭᠡ ᠬᠠᠷᠪᠤᠭᠰᠠᠨ ᠰᠤᠮᠤᠨ ᠠ᠋ᠴᠠ ᠬᠤᠷᠳᠤᠨ ᠢ᠋ᠶ᠋ᠠᠷ ᠬᠠᠭᠠᠨ ᠤ᠋ ᠣᠷᠳᠣᠨ ᠤ᠋ ᠬᠢᠨ ᠦ᠌ ᠴᠢᠬᠢᠨ ᠳ᠋ᠦ᠍ ᠬᠦᠷᠴᠦ ᠲᠥᠷᠥ ᠶ᠋ᠢᠨ ᠭᠡᠮᠲᠦ ᠬᠡᠷᠡᠭᠲᠡᠨ᠂ ᠲᠡᠷᠰᠯᠡᠨ ᠲᠡᠮᠡᠴᠡᠭᠴᠢ ᠪᠣᠯᠤᠨ ᠬᠤᠪᠢᠷᠠᠬᠤ ᠬᠠᠲᠠᠭᠤᠬᠠᠨ ᠰᠢᠢᠳᠬᠡᠯ ᠬᠦᠯᠢᠶᠡᠵᠦ ᠪᠠᠢᠬᠤ ᠲᠤᠯᠠ ᠬᠥᠮᠦᠨ ᠪᠦᠷᠢ ᠳᠣᠣᠷ᠎ᠠ ᠪᠦᠷᠢᠨ᠎ᠡ ᠲᠦᠭᠰᠢᠭᠦᠷᠢ ᠲᠡᠭᠡᠭᠡᠨ ᠶᠠᠪᠤᠬᠤ ᠪᠣᠯᠵᠠᠢ᠃ ᠡᠵᠡᠨᠲᠦ ᠭᠦᠷᠦᠨ ᠦ᠌ ᠨᠡᠢᠰᠯᠡᠯ ᠳ᠋ᠦ᠍ ᠡᠨᠡ ᠮᠡᠲᠦ ᠬᠣᠪ ᠵᠢᠪ ᠦ᠋ᠨ ᠰᠠᠯᠬᠢ ᠬᠤᠤᠭᠢᠨ ᠪᠠᠢᠬᠤ ᠳ᠋ᠤ᠌ ᠶᠡᠬᠡ ᠠᠭᠤᠷᠠᠭ ᠲᠤ᠌ ᠰᠤᠳᠤᠷ ᠪᠦᠲᠦᠭᠡᠬᠦ ᠠᠵᠢᠯ ᠢᠳᠡ ᠥᠷᠨᠢᠵᠦ ᠪᠠᠢᠯ᠎ᠠ᠃
ᠨᠣᠮ ᠤᠨ ᠥᠷᠭᠦᠭᠡᠨ ᠦ᠌ ᠣᠢᠷᠠᠯᠴᠠᠭ᠎ᠠ ᠶᠡᠬᠡ ᠠᠰᠠᠷ ᠢ᠋ ᠪᠠᠷᠢᠵᠤ᠂ ᠭᠣᠣᠯ ᠢ᠋ᠶ᠋ᠠᠷ ᠨᠢ ᠬᠣᠶᠠᠷ ᠡᠩᠨᠡᠭᠡ ᠤᠷᠲᠤ ᠰᠠᠭᠤᠳᠠᠯ ᠵᠠᠰᠠᠵᠤ᠂ ᠰᠠᠭᠤᠳᠠᠯ ᠪᠦᠷᠢ ᠶ᠋ᠢᠨ ᠡᠮᠦᠨ᠎ᠡ ᠶᠠᠪᠠᠭᠠᠨ ᠰᠢᠷᠡᠭᠡ ᠲᠠᠯᠪᠢᠵᠠᠢ᠃ ᠡᠨᠳᠡ ᠣᠢᠷᠠᠯᠴᠠᠭ᠎ᠠ ᠪᠠᠷ ᠵᠠᠭᠤ ᠭᠠᠷᠤᠢ ᠬᠥᠮᠦᠨ ᠡᠯᠪᠡᠭ ᠪᠠᠭᠲᠠᠬᠤ ᠪᠠᠷ ᠠᠭᠤᠵᠢᠭᠤ ᠲᠣᠮᠣ ᠠᠵᠢ᠃ ᠡᠩᠨᠡᠨ ᠰᠠᠭᠤᠭᠰᠠᠨ ᠬᠥᠮᠦᠰ ᠢ᠋ ᠠᠵᠢᠭᠯᠠᠨ ᠬᠠᠷᠠᠪᠠᠯ ᠭᠠᠵᠠᠷ ᠭᠠᠵᠠᠷ ᠠ᠋ᠴᠠ ᠢᠷᠡᠭᠰᠡᠨ ᠪᠣᠯᠤᠯᠲᠠᠢ᠂ ᠥᠪᠡᠷ ᠥᠪᠡᠷ ᠦ᠋ᠨ ᠶᠣᠰᠣ ᠵᠠᠩᠰᠢᠯ ᠪᠦᠬᠦᠢ ᠬᠤᠪᠴᠠᠰᠤ ᠡᠮᠦᠰᠬᠡᠯ ᠲᠡᠢ᠃ ᠲᠡᠳᠡ ᠪᠦᠭᠦᠳᠡ ᠭᠠᠷ ᠲᠠᠭᠠᠨ ᠪᠢᠷ ᠶᠠᠨᠲᠠᠢ ᠪᠠᠷᠢᠵᠤ᠂ ᠥᠪᠡᠷ ᠬᠣᠭᠣᠷᠣᠨᠳᠣ ᠪᠠᠨ ᠶᠠᠷᠢᠯᠴᠠᠨ ᠵᠥᠪᠯᠡᠯᠳᠦᠵᠦ᠂ ᠰᠤᠳᠤᠷ ᠨᠣᠮ ᠤ᠋ᠨ ᠬᠠᠭᠤᠳᠠᠰᠤ ᠡᠷᠭᠢᠭᠦᠯᠦᠨ ᠪᠠᠢᠨ᠎ᠠ᠃ ᠠᠰᠠᠷ ᠤ᠋ᠨ ᠭᠣᠣᠯ ᠳ᠋ᠤ᠌ ᠰᠤᠷᠬᠠᠭᠲᠠᠨᠢ ᠬᠠᠲᠤᠨ᠂ ᠶᠸᠯᠢᠦᠢ ᠴᠦᠼᠡᠢ ᠶ᠋ᠢᠨ ᠬᠠᠮᠲᠤ ᠰᠠᠭᠤᠬᠤ ᠠᠵᠢ᠃ ᠶᠸᠯᠢᠦᠢ ᠴᠦᠼᠡᠢ ᠶᠡᠬᠡ ᠪᠠᠶᠠᠷᠲᠠᠢ ᠪᠠᠢᠭ᠎ᠠ ᠪᠣᠯᠤᠯᠲᠠᠢ᠂ ᠤᠷᠲᠤ ᠪᠤᠭᠤᠷᠤᠯ ᠰᠠᠬᠠᠯ ᠢ᠋ᠶ᠋ᠠᠨ ᠢᠯᠢᠨ᠂
— ᠤᠷᠢᠳᠤ ᠶ᠋ᠢᠨ ᠰᠠᠢᠬᠠᠨ ᠴᠠᠭ ᠰᠠᠨᠠᠭᠠᠨ ᠳ᠋ᠤ᠌ ᠣᠷᠣᠵᠤ ᠪᠠᠢᠨ᠎ᠠ᠂ ᠡᠢᠮᠦ ᠪᠠᠶᠠᠷᠲᠠᠢ ᠡᠳᠦᠷ ᠦ᠋ᠳ ᠲᠣᠬᠢᠶᠠᠭᠠ ᠦᠭᠡᠢ ᠤᠳᠠᠵᠠᠢ᠃ ᠬᠠᠲᠤᠨ ᠤ᠋ ᠵᠢᠳᠬᠦᠯ ᠢ᠋ᠶ᠋ᠡᠷ ᠪᠢᠳᠡᠨ ᠦ᠌ ᠰᠠᠨᠠᠭᠰᠠᠨ ᠬᠡᠷᠡᠭ ᠰᠠᠢᠬᠠᠨ ᠪᠦᠲᠦᠵᠦ ᠪᠠᠢᠨ᠎ᠠ ᠭᠡᠵᠦ ᠬᠡᠯᠡᠬᠦ ᠳ᠋ᠦ᠍ ᠬᠠᠲᠤᠨ᠄
— ᠪᠢᠳᠡ ᠭᠠᠵᠠᠷ ᠨᠤᠲᠤᠭ ᠤ᠋ᠨ ᠢ᠋ᠶ᠋ᠠᠨ ᠡᠵᠡᠨ ᠨᠢ ᠪᠠᠢᠭ᠎ᠠ ᠴᠠᠭ ᠲᠤ ᠪᠢᠳᠡᠨ ᠦ᠌ ᠲᠥᠷᠥ ᠣᠷᠣᠰᠢᠬᠤ ᠨᠢ ᠦᠨᠡᠨ ᠲᠤᠯᠠ ᠲᠡᠭᠦᠨ ᠢ᠋ ᠵᠠᠰᠠᠬᠤᠢ ᠶ᠋ᠢᠨ ᠤᠬᠠᠭᠠᠨ ᠪᠠᠰᠠ ᠪᠠᠢᠬᠤ ᠪᠢᠵᠡ ᠭᠡᠮᠡᠨ ᠰᠡᠳᠬᠢᠭᠰᠡᠨ ᠶᠦᠮ᠃ ᠬᠠᠷᠢᠨ ᠶᠸᠯᠢᠦᠢ ᠴᠦᠼᠡᠢ ᠲᠠ ᠪᠢᠳᠡᠨ ᠳ᠋ᠦ᠍ ᠲᠤᠩ ᠴᠤ᠌ ᠶᠡᠬᠡ ᠲᠤᠰᠠ ᠪᠣᠯᠤᠯ᠎ᠠ ᠭᠡᠮᠡᠨ ᠲᠠᠯᠠᠷᠬᠠᠪᠠ᠃
ᠶᠡᠬᠡ ᠠᠭᠤᠷᠠᠭ ᠲᠤ ᠥᠷᠨᠢᠭᠰᠡᠨ ᠠᠵᠢᠯ ᠢᠳᠡ ᠳᠤᠮᠳᠠ ᠪᠠᠨ ᠣᠷᠣᠵᠤ ᠪᠠᠢᠬᠤ ᠳ᠋ᠤ᠌ ᠶᠡᠬᠡ ᠡᠵᠡᠨ ᠬᠠᠭᠠᠨ ᠤ᠋ ᠦᠶ᠎ᠡ ᠡᠴᠡ ᠤᠬᠠᠭᠠᠨ ᠪᠢᠯᠢᠭ ᠢ᠋ᠶ᠋ᠡᠷ ᠢ᠋ᠶ᠋ᠡᠨ ᠠᠯᠳᠠᠷᠰᠢᠭᠰᠠᠨ ᠡᠨᠡ ᠬᠣᠶᠠᠷ ᠬᠥᠮᠦᠨ ᠬᠣᠶᠠᠭᠤᠯᠠ ᠮᠣᠩᠭᠣᠯ ᠤ᠋ᠨ ᠲᠥᠷᠥ ᠳ᠋ᠦ᠍ ᠢᠷᠡᠭᠰᠡᠨ ᠬᠦᠨᠳᠦᠬᠡᠨ ᠡᠳᠦᠷ ᠦ᠋ᠳ ᠲᠦ᠍ ᠠᠯᠲᠠᠨ ᠤᠷᠤᠭ ᠤ᠋ᠨ ᠬᠢᠨ ᠦ᠌ ᠶᠡᠬᠡᠰ ᠳᠡᠭᠡᠳᠦᠰ ᠦ᠋ᠨ ᠳᠤᠮᠳᠠ ᠲᠣᠩ ᠴᠤ ᠶᠡᠬᠡ ᠦᠭᠡᠢᠯᠡᠭᠳᠡᠵᠦ ᠪᠠᠢᠯ᠎ᠠ᠃
ᠥᠪᠡᠷ ᠦᠨ ᠭᠠᠵᠠᠷ ᠣᠷᠣᠨ ᠢ᠋ᠶ᠋ᠠᠨ ᠵᠠᠰᠠᠨ ᠲᠣᠬᠣᠨᠢᠭᠤᠯᠵᠤ ᠰᠠᠭᠤᠭ᠎ᠠ ᠬᠤᠪᠢᠯᠠᠢ ᠡᠬᠡ ᠶ᠋ᠢᠨ ᠦᠢᠯᠡ ᠬᠡᠷᠡᠭ ᠲᠦ᠍ ᠣᠷᠣᠯᠴᠠᠬᠤ ᠪᠠᠷ ᠨᠤᠲᠤᠭ ᠲᠠᠭᠠᠨ ᠢᠷᠡᠵᠡᠢ᠃ ᠰᠤᠳᠤᠷ ᠨᠣᠮ ᠪᠢᠴᠢᠬᠦ ᠶᠡᠬᠡ ᠠᠵᠢᠯ ᠤ᠋ᠨ ᠵᠠᠪᠰᠠᠷᠯᠠᠭ᠎ᠠ ᠪᠣᠯᠵᠤ᠂ ᠬᠤᠷᠠᠭᠰᠠᠨ ᠣᠯᠠᠨ ᠴᠠᠢᠯᠠᠨ ᠪᠠᠢᠬᠤ ᠵᠠᠭᠤᠷ᠎ᠠ ᠲᠡᠷᠡ ᠡᠬᠡ ᠲᠡᠢ ᠪᠡᠨ ᠠᠭᠤᠯᠵᠠᠪᠠ᠃
— ᠥᠨᠥ ᠬᠦᠷᠲᠡᠯ᠎ᠡ ᠬᠠᠭᠠᠨ ᠤ᠋ ᠰᠠᠭᠤᠳᠠᠯ ᠳ᠋ᠤ᠌ ᠡᠵᠡᠨ ᠦᠭᠡᠢ ᠪᠠᠢᠨ᠎ᠠ᠃ ᠥᠭᠡᠳᠡᠢ ᠬᠠᠭᠠᠨ ᠠᠮᠢᠳᠤ ᠰᠡᠷᠡᠭᠦᠨ ᠠᠬᠤᠢ ᠳ᠋ᠠᠭᠠᠨ ᠳᠠᠷᠠᠭ᠎ᠠ ᠶ᠋ᠢᠨ ᠬᠠᠭᠠᠨ ᠣᠷᠣ ᠰᠠᠭᠤᠬᠤ ᠬᠥᠮᠦᠨ ᠦ᠌ ᠨᠡᠷ᠎ᠡ ᠶ᠋ᠢ ᠬᠡᠯᠡᠬᠦ ᠳ᠋ᠡᠭᠡᠨ ᠥᠪᠡᠷ ᠦ᠋ᠨ ᠬᠦᠦ ᠶ᠋ᠢᠨ ᠬᠠᠮᠲᠤ ᠮᠥᠩᠬᠡ ᠠᠬ᠎ᠠ ᠶ᠋ᠢ ᠳᠤᠷᠠᠳᠴᠤ ᠪᠠᠢᠭᠰᠠᠨ᠃ ᠥᠨᠥ ᠬᠠᠲᠤᠨ ᠡᠬᠡ ᠲᠥᠷᠥ ᠵᠠᠰᠠᠬᠤ ᠶ᠋ᠢᠨ
ᠦᠨᠡᠨ ᠢ᠋ ᠬᠠᠢᠨ᠂ ᠵᠠᠪᠳᠤᠯ ᠦᠭᠡᠢ ᠪᠠᠢᠭ᠎ᠠ
ᠬᠡᠳᠦᠢ ᠴᠦ᠍ ᠲᠥᠷᠥ ᠶ᠋ᠢᠨ ᠬᠡᠷᠡᠭ ᠲᠦ᠍ ᠣᠷᠣᠯᠴᠠᠬᠤ ᠦᠭᠡᠢ ᠠᠯᠭᠤᠷᠯᠠᠬᠤ ᠨᠢ ᠶᠠᠭᠤᠨ ᠤ᠋ ᠤᠴᠢᠷ ᠪᠣᠢ ᠭᠡᠵᠦ ᠠᠰᠠᠭᠤᠯ᠎ᠠ᠃ ᠵᠥᠪᠬᠡᠨ ᠬᠤᠪᠢᠯᠠᠢ ᠴᠤ᠌ ᠪᠢᠰᠢ᠂ ᠣᠯᠠᠨ ᠬᠥᠮᠦᠨ ᠲᠡᠭᠦᠨ ᠡᠴᠡ ᠡᠨᠡ ᠠᠰᠠᠭᠤᠯᠲᠠ ᠶ᠋ᠢ ᠠᠰᠠᠭᠤᠮᠠᠷ ᠪᠠᠢᠭᠰᠠᠨ ᠪᠢᠵᠡ᠃ ᠬᠠᠷᠢᠨ ᠰᠤᠷᠬᠠᠭᠲᠠᠨᠢ ᠬᠠᠲᠤᠨ᠄
— ᠦᠨᠡᠨ ᠳ᠋ᠡᠭᠡᠨ ᠪᠣᠯ ᠮᠥᠩᠬᠡ ᠲᠡᠭᠷᠢ ᠶ᠋ᠢᠨ ᠴᠠᠭ ᠭᠡᠵᠦ ᠪᠣᠢ᠂ ᠬᠥᠪᠡᠭᠦᠳ ᠮᠢᠨᠢ ᠪᠤᠤ ᠠᠳᠬᠠ᠃ ᠲᠡᠷᠡ ᠴᠠᠭ ᠪᠢᠳᠡᠨ ᠳ᠋ᠦ᠍ ᠢᠷᠡᠬᠦ ᠪᠣᠯᠤᠨ᠎ᠠ ᠭᠡᠵᠦ ᠬᠡᠯᠡᠯ᠎ᠡ᠃《ᠮᠥᠩᠬᠡ ᠲᠡᠭᠷᠢ ᠶ᠋ᠢᠨ ᠴᠠᠭ》 ᠭᠡᠰᠡᠨ ᠦᠭᠡ ᠶ᠋ᠢ ᠬᠤᠪᠢᠯᠠᠢ ᠤᠬᠠᠨ ᠪᠣᠳᠣᠬᠤ ᠵᠠᠭᠤᠷ᠎ᠠ ᠳ᠋ᠤ᠌ ᠡᠵᠢ ᠨᠢ ᠦᠷᠭᠦᠯᠵᠢᠯᠡᠭᠦᠯᠦᠨ᠂
— ᠬᠡᠷᠡᠭ ᠲᠡᠢ ᠴᠠᠭ ᠭᠠᠷᠪᠠᠯ ᠬᠤᠷᠳᠤᠨ ᠳᠣᠪᠲᠣᠯᠵᠤ᠂ ᠬᠡᠷᠡᠭ ᠦᠭᠡᠢ ᠴᠠᠭ ᠠᠪᠠᠰᠤ ᠬᠤᠷᠳᠤᠨ ᠤᠬᠤᠷᠢᠬᠤ ᠶᠣᠰᠣᠲᠠᠢ ᠭᠡᠵᠦ ᠪᠣᠳᠣᠨ᠎ᠠ᠃ ᠣᠳᠣ ᠪᠣᠯ ᠪᠢᠳᠡᠨ ᠦ᠌ ᠳᠣᠪᠲᠣᠯᠬᠤ ᠴᠠᠭ ᠪᠢᠰᠢ᠂ ᠤᠬᠤᠷᠢᠨ᠎ᠠ ᠭᠡᠳᠡᠭ ᠢᠯᠠᠭᠳᠠᠬᠤ ᠶ᠋ᠢᠨ ᠨᠡᠷ᠎ᠡ ᠪᠢᠰᠢ᠂ ᠬᠠᠭᠠᠨ ᠡᠪᠦᠭᠡ ᠴᠢᠨᠢ ᠴᠦ᠍ ᠳᠣᠯᠣᠭᠠᠨ ᠤ᠋ ᠲᠠᠯᠠᠪᠤᠷ ᠲᠤ᠌ ᠳᠠᠢᠳᠤᠬᠤ ᠳ᠋ᠠᠭᠠᠨ ᠮᠠᠰᠢ ᠬᠤᠷᠳᠤᠨ ᠳᠣᠪᠲᠣᠯᠤᠭᠠᠳ ᠳᠠᠷᠠᠭ᠎ᠠ ᠨᠢ ᠬᠤᠷᠳᠤᠨ ᠤᠬᠤᠷᠢᠳᠠᠭ ᠪᠠᠢᠭᠰᠠᠨ ᠃ ᠲᠡᠢᠨ ᠳᠣᠯᠣᠭᠠᠨ ᠤ᠋ ᠲᠠᠯᠠᠪᠤᠷ ᠪᠢᠰᠢ᠂ ᠡᠩᠬᠡ ᠶ᠋ᠢᠨ ᠴᠠᠭ ᠭᠡᠯᠡ ᠴᠦ᠍ ᠡᠨᠡ ᠪᠣᠳᠣᠯᠭ᠎ᠠ ᠥᠨᠥ ᠪᠠᠰᠠ ᠬᠡᠷᠡᠭ ᠲᠡᠢ ᠰᠠᠨᠠᠭᠳᠠᠨ᠎ᠠ ᠭᠡᠵᠦ ᠰᠤᠷᠬᠠᠭᠲᠠᠨᠢ ᠬᠡᠯᠡᠯ᠎ᠡ᠃
— ᠭᠡᠬᠦ ᠳ᠋ᠡᠭᠡᠨ ᠶᠠᠭᠤᠨ ᠤ᠋ ᠤᠴᠢᠷ ᠤᠬᠤᠷᠢᠵᠤ ᠪᠣᠢ ᠭᠡᠵᠦ?
— ᠪᠢᠳᠡᠨ ᠳ᠋ᠦ᠍ ᠤᠬᠤᠷᠢᠬᠤ ᠰᠢᠯᠲᠠᠭᠠᠨ ᠪᠣᠢ᠃ ᠣᠯᠠᠨ ᠰᠢᠯᠲᠠᠭ ᠪᠠᠢᠭ᠎ᠠ ᠴᠤ᠌ ᠬᠠᠮᠤᠭ ᠤ᠋ᠨ ᠲᠣᠮᠣ ᠰᠢᠯᠲᠠᠭᠠᠨ ᠪᠣᠯ ᠮᠢᠨᠦ ᠬᠡᠦᠬᠡᠳ ᠦ᠋ᠳ ᠬᠠᠭᠠᠨ ᠰᠡᠨᠳᠡᠢ ᠳ᠋ᠦ᠍ ᠵᠠᠯᠠᠷᠠᠬᠤ ᠬᠠᠳᠠ ᠤᠬᠠᠭᠠᠨ ᠰᠠᠭᠤᠭ᠎ᠠ ᠦᠭᠡᠢ ᠪᠠᠢᠭ᠎ᠠ ᠬᠡᠷᠡᠭ᠃
— ᠬᠠᠲᠤᠨ ᠡᠵᠢ ᠮᠢᠨᠢ ᠲᠠ ᠪᠢᠳᠡᠨ ᠳ᠋ᠦ᠍ ᠮᠡᠳᠡᠭᠡ ᠣᠷᠣᠭᠰᠠᠨ ᠴᠠᠭ ᠠ᠋ᠴᠠ ᠬᠣᠢᠰᠢ ᠡᠷᠳᠡᠮ ᠣᠶᠤᠨ ᠢ᠋ ᠰᠤᠷᠭᠠᠨ ᠢᠷᠡᠭᠰᠡᠨ ᠠᠲᠠᠯ᠎ᠠ ᠪᠢᠳᠡᠨ ᠦ᠌ ᠮᠡᠳᠡᠯᠭᠡ ᠥᠨᠥ ᠬᠢᠷᠢᠨ᠎ᠡ ᠳᠤᠲᠠᠵᠤ ᠪᠠᠢᠭ᠎ᠠ ᠬᠡᠷᠡᠭ ᠦᠦ?
— ᠬᠥᠪᠡᠭᠦᠳ ᠲᠠ ᠨᠠᠷ ᠡᠷᠳᠡᠮ ᠣᠶᠤᠨ ᠢ᠋ ᠬᠠᠩᠭᠠᠯᠲᠠ ᠲᠠᠢ ᠰᠤᠷᠤᠭᠰᠠᠨ ᠴᠤ᠌ ᠨᠢᠭᠡ ᠵᠦᠢᠯ ᠢ᠋ ᠰᠤᠷᠤᠭ᠎ᠠ ᠦᠭᠡᠢ ᠪᠠᠢᠨ᠎ᠠ᠃ ᠲᠡᠷᠡ ᠨᠢ ᠬᠥᠮᠦᠨ ᠢ᠋ ᠲᠠᠨᠢᠵᠤ ᠰᠤᠷᠬᠤ ᠡᠷᠳᠡᠮ ᠶᠦᠮ᠃ ᠬᠥᠮᠦᠨ ᠢ᠋ ᠲᠠᠨᠢᠵᠤ ᠰᠤᠷᠤᠭ᠎ᠠ ᠦᠭᠡᠢ ᠬᠥᠮᠦᠨ ᠤᠯᠤᠰ ᠢ᠋ ᠤᠳᠤᠷᠢᠳᠴᠤ ᠴᠢᠳᠠᠬᠤ ᠦᠭᠡᠢ᠃ ᠡᠭᠡᠯ ᠠᠷᠠᠳ᠂ ᠡᠷᠬᠢᠮ ᠳᠡᠭᠡᠳᠦᠰ ᠬᠡᠨ ᠢ᠋ ᠴᠦ᠍ ᠪᠠᠢ᠂ ᠰᠡᠳᠬᠢᠯ ᠢ᠋ ᠣᠢᠯᠠᠭᠠᠵᠤ ᠰᠤᠷᠬᠤ ᠨᠢ ᠴᠢᠬᠤᠯᠠ᠃ ᠬᠥᠮᠦᠨ ᠢ᠋ ᠲᠠᠨᠢᠵᠤ ᠰᠡᠳᠬᠢᠯ ᠢ᠋ ᠣᠢᠯᠠᠭᠠᠭ᠎ᠠ ᠦᠭᠡᠢ ᠴᠠᠭ ᠲᠤ᠌ ᠦᠨᠡᠨ ᠢ᠋ ᠣᠯᠵᠤ ᠬᠠᠷᠠᠬᠤ ᠦᠭᠡᠢ᠃ ᠦᠨᠡᠨ ᠢ᠋ ᠣᠯᠵᠤ ᠬᠠᠷᠠᠬᠤ ᠦᠭᠡᠢ ᠬᠥᠮᠦᠨ ᠲᠦᠳᠡᠭᠡᠨᠡ ᠬᠣᠪ ᠵᠢᠪ ᠲᠦ᠍ ᠡᠵᠡᠯᠡᠭᠳᠡᠨ ᠮᠥᠬᠥᠳᠡᠭ ᠵᠢᠮ᠎ᠡ ᠲᠡᠢ ᠭᠡᠪᠡ᠃
ᠥᠭᠡᠳᠡᠢ ᠬᠠᠭᠠᠨ ᠤ᠋ ᠥᠭᠡᠳᠡ ᠪᠣᠯᠤᠭᠰᠠᠨ ᠰᠢᠯᠲᠠᠭᠠᠨ ᠢ᠋ ᠲᠣᠳᠣᠷᠠᠭᠤᠯᠬᠤ ᠭᠡᠵᠦ ᠠᠪᠲᠤᠯ ᠷᠠᠬᠠᠮᠠᠨ ᠢ᠋ ᠮᠥᠷᠳᠡᠭᠰᠡᠨ ᠬᠡᠷᠡᠭ ᠢ᠋ᠶ᠋ᠡᠷ ᠠᠵᠢᠯ ᠠ᠋ᠴᠠ ᠪᠠᠨ ᠪᠠᠭᠤᠭᠰᠠᠨ ᠮᠠᠬᠠᠮᠦ᠋ᠳ᠋ ᠶᠡᠯᠡᠸᠡᠴᠢ ᠬᠠᠷᠠᠬᠣᠷᠣᠮ ᠠ᠋ᠴᠠ ᠶᠠᠪᠤᠵᠤ᠂ ᠤᠷᠢᠳᠤ ᠵᠠᠬᠢᠷᠤᠨ ᠰᠠᠭᠤᠵᠤ ᠪᠠᠢᠭᠰᠠᠨ ᠵᠥᠩᠲᠡᠢ ᠳ᠋ᠦ᠍ ᠣᠴᠢᠵᠤ ᠰᠠᠭᠤᠷᠢᠰᠢᠭᠰᠠᠨ ᠪᠠᠢᠯ᠎ᠠ᠃ ᠨᠢᠭᠡᠨ ᠡᠳᠦᠷ ᠨᠠᠷᠠ ᠵᠢᠷᠭᠠᠬᠤ ᠶ᠋ᠢᠨ ᠠᠯᠲᠠ ᠳ᠋ᠤ᠌ ᠮᠠᠬᠠᠮᠦ᠋ᠳ᠋ ᠶᠡᠯᠡᠸᠠᠴᠢ ᠶ᠋ᠢᠨ ᠥᠷᠥᠭᠡ ᠶ᠋ᠢ ᠵᠦᠭᠯᠡᠨ ᠭᠤᠷᠪᠠᠨ ᠮᠣᠷᠢᠲᠠᠨ ᠢᠷᠡᠵᠦ ᠶᠠᠪᠤᠬᠤ ᠪᠠᠷ᠎ᠠ ᠬᠠᠷᠠᠭᠳᠠᠯ᠎ᠠ᠃ ᠲᠦᠳᠡ ᠤᠳᠠᠯ ᠦᠭᠡᠢ ᠢᠷᠡᠭᠰᠡᠨ ᠬᠥᠮᠦᠰ ᠤᠶᠠᠭᠠᠨ ᠳᠡᠭᠡᠷ᠎ᠡ ᠪᠠᠭᠤᠨ᠂ ᠮᠣᠷᠢ ᠪᠠᠨ ᠤᠶᠠᠵᠤ ᠪᠠᠢᠭ᠎ᠠ ᠶ᠋ᠢ ᠬᠠᠷᠠᠪᠠᠯ ᠲᠦᠷᠭᠡᠨ᠎ᠡ ᠬᠠᠲᠤᠨ ᠤ᠋ ᠠᠯᠪᠠᠲᠤ ᠠᠪᠲᠤᠯ ᠷᠠᠬᠠᠮᠠᠨ ᠬᠣᠶᠠᠷ ᠬᠥᠮᠦᠨ ᠦ᠌ ᠬᠠᠮᠲᠤ ᠢᠷᠡᠵᠡᠢ᠃ ᠠᠮᠤᠷ ᠠᠮᠤᠭᠤᠯᠠᠩ ᠡᠳᠦᠷ ᠦ᠋ᠳ ᠦᠭᠡᠢ ᠪᠣᠯᠵᠤ᠂ ᠥᠨᠥ ᠡᠷᠯᠢᠭ ᠦ᠋ᠨ ᠡᠯᠴᠢ ᠭᠠᠭᠴᠠᠭᠠᠷ ᠪᠢᠰᠢ᠂ ᠬᠣᠶᠠᠭᠤᠯᠠ ᠭᠤᠷᠪᠠᠭᠤᠯᠠ ᠢᠷᠡᠵᠦ ᠪᠠᠢᠬᠤ ᠰᠢᠭ᠋ ᠲᠡᠭᠦᠨ ᠳ᠋ᠦ᠍ ᠰᠠᠨᠠᠭᠳᠠᠪᠠ᠃
ᠮᠠᠬᠠᠮᠦ᠋ᠳ᠋ ᠶᠡᠯᠡᠸᠠᠴᠢ ᠲᠡᠳᠡᠨ ᠢ᠋ ᠨᠠᠢᠷ ᠲᠠᠯᠪᠢᠨ ᠤᠭᠲᠤᠵᠤ ᠭᠡᠷ ᠲᠡᠭᠡᠨ ᠤᠷᠢᠨ ᠵᠠᠯᠠᠯ᠎ᠠ᠃ ᠮᠥᠩᠬᠡ ᠲᠩᠷᠢ ᠪᠦᠭᠦᠳᠡ ᠶ᠋ᠢ ᠪᠣᠯᠭᠣᠭᠠᠵᠤ ᠪᠠᠢᠭ᠎ᠠ᠃ ᠡᠨᠡ ᠡᠪᠦᠭᠡᠨ ᠲᠦᠰᠢᠮᠡᠯ ᠥᠷᠥᠰᠢᠶᠡᠯᠲᠦ ᠬᠠᠭᠠᠨ ᠥᠭᠡᠳᠡᠢ ᠶ᠋ᠢᠨ ᠰᠦᠷ ᠬᠦᠴᠦᠨ ᠳᠣᠣᠷ᠎ᠠ ᠮᠥᠩᠬᠡ ᠲᠩᠷᠢ ᠶ᠋ᠢᠨ ᠦᠨᠡᠨ ᠢ᠋ ᠮᠡᠳᠡᠬᠦ ᠪᠣᠯᠤᠭᠰᠠᠨ ᠤ᠋ ᠬᠤᠪᠢ ᠪᠠᠷ ᠥᠨᠥ ᠮᠥᠩᠬᠡ ᠲᠩᠷᠢ ᠳ᠋ᠦ᠍ ᠵᠠᠯᠪᠠᠷᠢᠳᠠᠭ ᠪᠣᠯᠤᠭᠰᠠᠨ ᠪᠠᠢᠪᠠ᠃ ᠨᠠᠮᠤᠷ ᠤ᠋ᠨ ᠰᠢᠷ᠎ᠠ ᠨᠠᠪᠴᠢᠰ ᠬᠥᠯ ᠦ᠋ᠨ ᠳᠣᠣᠭᠤᠷ ᠣᠷᠢᠶᠠᠴᠠᠯᠳᠤᠨ ᠪᠠᠭᠤᠭᠰᠠᠨ ᠲᠡᠷᠡ ᠡᠳᠦᠷ ᠬᠠᠷᠢᠬᠤ ᠴᠠᠭ ᠤ᠋ᠨ ᠥᠩᠭᠡ ᠶ᠋ᠢ ᠬᠠᠷᠠᠭᠤᠯᠵᠤ᠂ ᠭᠠᠵᠠᠷ ᠳᠡᠯᠡᠬᠡᠢ ᠭᠠᠯ ᠰᠢᠷ᠎ᠠ ᠥᠩᠭᠡ ᠪᠡᠨ ᠳᠡᠪᠢᠰᠦᠭᠡᠳ ᠰᠢᠷᠭᠠᠯᠲᠤᠨ ᠪᠠᠢᠯ᠎ᠠ᠃ ᠭᠡᠷ ᠲᠦ᠍ ᠴᠡᠬᠡ ᠵᠠᠯᠭᠢᠯᠠᠨ ᠰᠠᠭᠤᠬᠤ ᠭᠤᠷᠪᠠᠨ ᠬᠥᠮᠦᠨ ᠡᠭᠡᠯ ᠬᠥᠮᠦᠨ ᠦ᠌ ᠳᠦᠷᠢ ᠪᠡᠷ ᠢᠷᠡᠭᠰᠡᠨ ᠴᠦ᠍ ᠡᠷᠯᠢᠭ ᠦ᠋ᠨ ᠡᠯᠴᠢ ᠶ᠋ᠢᠨ ᠲᠥᠯᠥᠭᠡᠯᠡᠭᠴᠢᠳ ᠭᠡᠳᠡᠭ ᠨᠢ ᠬᠡᠨ ᠳ᠋ᠦ᠍ ᠴᠦ᠍ ᠠᠩᠵᠠᠭᠠᠷᠳᠠᠭᠳᠠᠮᠠ ᠰᠡᠳᠬᠢᠯ ᠰᠡᠷᠲᠡᠬᠢᠯᠭᠡᠨᠡ᠃
— ᠠᠯᠯᠠᠾ ᠲᠩᠷᠢ ᠪᠢᠳᠡᠨ ᠢ᠋ ᠢᠪᠡᠭᠡᠨ ᠰᠣᠶᠣᠷᠬᠠᠭ᠃ ᠠᠪᠲᠤᠯ ᠷᠠᠬᠠᠮᠠᠨ ᠲᠠ ᠵᠠᠮ ᠤ᠋ᠨ ᠠᠯᠵᠢᠶᠠᠯ ᠶᠠᠳᠠᠷᠠᠯ ᠢ᠋ᠶ᠋ᠠᠨ ᠲᠠᠢᠯᠤᠨ ᠰᠠᠢᠲᠤᠷ ᠠᠮᠠᠷᠠᠵᠤ ᠲᠤᠬᠠᠯᠠᠭᠲᠤᠨ᠂ ᠭᠠᠵᠠᠷ ᠬᠣᠯᠠ ᠶ᠋ᠢ ᠲᠤᠭᠤᠯᠵᠤ ᠠᠯᠵᠢᠶᠠᠭᠰᠠᠨ ᠪᠢᠵᠡ ᠬᠡᠮᠡᠪᠡ᠃
ᠬᠣᠯᠠ ᠶ᠋ᠢᠨ ᠭᠡᠢᠴᠢᠨ ᠢ᠋ ᠠᠯᠠᠭ᠎ᠠ ᠳᠡᠯᠭᠡᠨ ᠤᠭᠲᠤᠬᠤ ᠲᠠᠯ᠎ᠠ ᠶ᠋ᠢᠨ ᠬᠥᠮᠦᠨ ᠦ᠌ ᠵᠠᠩᠰᠢᠯ ᠲᠡᠭᠦᠨ ᠡᠴᠡ ᠬᠠᠩᠬᠤᠯᠬᠤ ᠰᠢᠭ᠋ ᠪᠣᠯᠬᠤ ᠳ᠋ᠤ᠌ ᠮᠠᠬᠠᠮᠦ᠋ᠳ᠋ ᠶᠡᠯᠡᠸᠠᠴᠢ ᠶ᠋ᠢ ᠬᠠᠷᠠᠨ ᠰᠠᠭᠤᠭᠰᠠᠨ ᠠᠪᠲᠤᠯ ᠷᠠᠬᠠᠮᠠᠨ《ᠠᠯᠯᠠᠾ ᠲᠩᠷᠢ ᠴᠢᠨᠢ ᠴᠢᠮᠠᠢ᠍ᠢ ᠲᠠᠭᠠᠯᠠᠵᠤ᠂ ᠪᠤᠴᠠᠬᠤ ᠵᠠᠮ ᠢ᠋ ᠴᠢᠨᠢ ᠪᠢᠳᠡᠨ ᠢ᠋ᠶ᠋ᠡᠷ ᠵᠢᠭᠠᠯᠭᠠᠬᠤ ᠪᠠᠷ ᠢᠷᠡᠭᠦᠯᠦᠭᠰᠡᠨ ᠪᠤᠰᠤ ᠤᠤ》 ᠭᠡᠮᠡᠨ ᠬᠡᠯᠡᠬᠦ ᠭᠡᠰᠡᠨ ᠢ᠋ᠶ᠋ᠡᠨ ᠪᠣᠯᠢᠯ᠎ᠠ᠃ ᠨᠢᠭᠡᠨ ᠴᠠᠭ ᠤ᠋ᠨ ᠶᠡᠬᠡ ᠲᠦᠰᠢᠮᠡᠯ᠂ ᠮᠥᠩᠬᠡ ᠲᠩᠷᠢ ᠶ᠋ᠢᠨ ᠲᠠᠭᠠᠯᠠᠯ ᠢ᠋ ᠬᠦᠷᠲᠡᠭᠰᠡᠨ ᠭᠡᠵᠦ ᠶᠠᠷᠢᠭᠳᠠᠳᠠᠭ᠃ ᠥᠪᠡᠷ ᠦ᠋ᠨ ᠢᠵᠢᠯᠢ ᠰᠢᠲᠦᠯᠭᠡᠲᠡᠨ ᠡᠨᠡ ᠡᠪᠦᠭᠡᠨ ᠳ᠋ᠦ᠍ ᠠᠷᠠᠢ ᠴᠤ᠌ ᠲᠡᠭᠡᠵᠦ ᠰᠢᠭᠤᠳ ᠬᠡᠯᠡᠴᠢᠬᠡᠬᠦ ᠵᠢᠷᠦᠬᠡ ᠬᠦᠷᠦᠭᠰᠡᠨ ᠦᠭᠡᠢ᠂ ᠳᠦᠷᠭᠡᠨ᠎ᠡ ᠬᠠᠲᠤᠨ ᠤ᠋ ᠶᠠᠪᠤᠭᠤᠯᠤᠭᠰᠠᠨ ᠬᠣᠣᠷ ᠲᠠᠢ ᠦᠷᠢᠯ ᠡᠪᠦᠷ ᠲᠤᠨᠢ ᠲᠡᠢᠴᠢᠭᠢᠨᠡᠨ ᠡᠭᠡᠵᠡᠭ ᠲᠡᠢ ᠴᠠᠭ ᠢ᠋ ᠲᠠᠭᠠᠷᠠᠭᠤᠯᠤᠨ ᠤᠮᠳᠠᠭᠠᠨ ᠳ᠋ᠤᠨᠢ ᠬᠢᠵᠦ ᠤᠤᠭᠤᠯᠭᠠᠬᠤ ᠪᠠᠷ ᠵᠡᠬᠡᠵᠦ ᠰᠠᠭᠤᠯ᠎ᠠ᠃
— ᠮᠠᠬᠠᠮᠥ᠋ᠳ᠋ ᠶᠡᠯᠡᠸᠠᠴᠢ ᠲᠠᠨ ᠲᠠᠢ ᠤᠳᠠᠭᠠᠨ ᠠᠭᠤᠯᠵᠠᠭᠰᠠᠨ ᠦᠭᠡᠢ᠂ ᠪᠢᠳᠡᠨ ᠳ᠋ᠦ᠍ ᠰᠠᠯᠬᠤ ᠴᠠᠭ ᠪᠠᠢᠪᠠᠴᠤ ᠳᠠᠬᠢᠨ ᠠᠭᠤᠯᠵᠠᠬᠤ ᠴᠠᠭ ᠪᠠᠰᠠ ᠪᠠᠢᠭᠰᠠᠨ ᠪᠣᠯᠤᠯᠲᠠᠢ᠃ ᠲᠠᠨ ᠤ᠋ ᠡᠭᠦᠪᠡᠷ ᠠᠯᠪᠠᠨ ᠠᠵᠢᠯ ᠲᠠᠢ ᠶᠠᠪᠤᠵᠤ ᠪᠠᠢᠭᠠᠳ ᠡᠪᠦᠭᠡᠨ ᠲᠦᠰᠢᠮᠡᠯ ᠢ᠋ ᠡᠨᠳᠡ ᠨᠠᠮᠤᠷᠵᠢᠵᠤ ᠪᠠᠢᠭ᠎ᠠ ᠶ᠋ᠢ ᠳᠤᠭᠤᠯᠤᠭᠠᠳ ᠠᠮᠤᠷ ᠮᠡᠨᠳᠦ ᠶ᠋ᠢ ᠲᠠᠨᠢ ᠮᠡᠳᠡᠬᠦ ᠪᠡᠷ ᠢᠷᠡᠯ᠎ᠡ᠃ ᠢᠳᠡᠭᠡ ᠡᠵᠡᠨ ᠢ᠋ᠶ᠋ᠡᠨ ᠲᠠᠨᠢᠳᠠᠭ ᠦᠭᠡᠢ ᠶᠦᠮ ᠭᠡᠰᠡᠨ᠃ ᠬᠠᠮᠲᠤ ᠬᠦᠷᠲᠡᠭᠲᠦᠨ ᠭᠡᠮᠡᠨ ᠴᠢᠯᠠᠭᠤᠨ ᠬᠤᠨᠳᠠᠭ᠎ᠠ ᠲᠠᠢ ᠳᠠᠷᠠᠰᠤ ᠶ᠋ᠢ ᠮᠠᠬᠠᠮᠥ᠋ᠳ᠋ ᠶᠡᠯᠡᠸᠡᠴᠢ ᠳ᠋ᠦ᠍ ᠪᠠᠷᠢᠯ᠎ᠠ᠃ ᠮᠠᠬᠠᠮᠥ᠋ᠳ᠋ ᠶᠡᠯᠡᠸᠡᠴᠢ ᠳᠠᠷᠠᠰᠤ ᠶ᠋ᠢ ᠠᠪᠴᠤ ᠠᠯᠯᠠᠾ ᠲᠩᠷᠢ ᠳ᠋ᠡᠭᠡᠨ ᠵᠠᠯᠪᠠᠷᠢᠨ ᠬᠥᠨᠲᠥᠷᠬᠦ ᠵᠠᠭᠤᠷ᠎ᠠ ᠳ᠋ᠤ᠌ ᠡᠮᠦᠨ᠎ᠡ ᠭᠠᠵᠠᠷ ᠤ᠋ᠨ ᠳᠡᠷᠡᠰᠦᠨ ᠦ᠌ ᠠᠮᠲᠠ ᠬᠠᠲᠠᠭᠤ ᠴᠤ ᠣᠷᠣᠭᠰᠠᠨ ᠬᠣᠢᠨ᠎ᠠ ᠪᠠᠨ ᠰᠡᠳᠬᠢᠯ ᠦ᠋ᠨ ᠤᠲᠠᠰᠤ ᠶ᠋ᠢ ᠬᠥᠳᠡᠯᠭᠡᠬᠦ ᠤᠪᠠᠳᠢᠰ ᠲᠠᠢ ᠲᠤᠯᠠ ᠲᠠ ᠪᠦᠬᠦᠨ ᠳᠤᠷ᠎ᠠ ᠪᠠᠷ ᠬᠦᠷᠲᠡᠨ ᠪᠣᠯᠭᠣᠭᠠᠭᠲᠤᠨ ᠬᠡᠮᠡᠯ᠎ᠡ᠃
ᠴᠢᠯᠠᠭᠤᠨ ᠬᠤᠨᠳᠠᠭ᠎ᠠ ᠠᠪᠲᠤᠯ ᠷᠠᠬᠠᠮᠠᠨ ᠤ᠋ ᠭᠠᠷ ᠳᠡᠭᠡᠷ᠎ᠡ ᠪᠤᠴᠠᠨ ᠢᠷᠡᠬᠦ ᠳ᠋ᠦ᠍ ᠮᠠᠬᠠᠮᠥ᠋ᠳ᠋ ᠶᠡᠯᠡᠸᠡᠴᠢ᠄
— ᠪᠢ ᠥᠪᠡᠷ ᠦ᠋ᠨ ᠭᠠᠷ ᠢ᠋ᠶ᠋ᠠᠷ ᠰᠥᠩ ᠲᠦᠰᠢᠵᠦ᠂ ᠡᠷᠬᠢᠮ ᠳᠡᠭᠦᠦ ᠳ᠋ᠦ᠍ ᠬᠦᠨᠳᠦᠳᠬᠡᠯ ᠦᠵᠡᠭᠦᠯᠦᠶ᠎ᠡ ᠭᠡᠵᠦ ᠬᠡᠯᠡᠭᠡᠳ ᠠᠪᠲᠤᠯ ᠷᠠᠬᠠᠮᠠᠨ ᠳ᠋ᠤ᠌ ᠰᠠᠷᠬᠤᠳ ᠬᠤᠨᠳᠠᠭᠠᠯᠠᠯᠠ᠃ ᠡᠨᠡ ᠮᠡᠲᠦ ᠬᠠᠷᠢᠭᠤ ᠦᠢᠯᠡᠳᠴᠦ ᠪᠠᠢᠭ᠎ᠠ ᠳ᠋ᠤ᠌ ᠠᠪᠲᠤᠯ ᠷᠠᠬᠠᠮᠠᠨ ᠤ᠋ ᠬᠥᠬᠡ ᠢᠨᠢᠶᠡᠳᠦ ᠬᠦᠷᠴᠦ᠂
— ᠭᠠᠤᠯᠢ ᠤᠯᠤᠰ ᠤ᠋ᠨ ᠡᠮᠡᠰ ᠬᠠᠲᠤᠳ ᠲᠠᠢ ᠰᠠᠷᠬᠤᠳ ᠤᠤᠭᠤᠬᠤ ᠳ᠋ᠤ᠌ ᠨᠢᠭᠡ ᠡᠢᠮᠦᠷᠬᠦᠦ ᠪᠠᠢᠳᠠᠭ ᠰᠠᠨ᠃ ᠣᠳᠣ ᠪᠢ᠂ ᠣᠳᠣ ᠴᠢ ᠭᠡᠳ ᠡᠭᠡᠯᠵᠢᠯᠡᠨ ᠭᠥᠷᠳᠡᠭᠰᠡᠭᠡᠷ ᠰᠣᠭᠲᠣᠵᠤ ᠣᠷᠬᠢᠳᠠᠭ ᠨᠢ ᠰᠠᠨᠠᠭᠠᠨ ᠳ᠋ᠤ᠌ ᠣᠷᠣᠴᠢᠬᠠᠯ᠎ᠠ᠃ ᠡᠪᠦᠭᠡᠨ ᠲᠦᠰᠢᠮᠡᠯ ᠥᠪᠡᠷ ᠦ᠋ᠨ ᠰᠠᠨᠠᠭ᠎ᠠ ᠪᠠᠷ ᠪᠠᠰᠠ ᠨᠢᠭᠡᠨ ᠶᠣᠰᠣ ᠶ᠋ᠢ ᠪᠣᠢ ᠪᠣᠯᠭᠠᠪᠠ ᠤᠤ᠂ ᠠᠯᠢ ᠡᠰᠡᠪᠡᠯ ᠭᠠᠤᠯᠢ ᠤᠯᠤᠰ ᠤ᠋ᠨ ᠥᠬᠢᠳ ᠲᠡᠢ ᠰᠠᠷᠬᠤᠳ ᠬᠦᠷᠲᠡᠳᠡᠭ ᠪᠣᠯᠤᠭ᠎ᠠ ᠤᠤ ᠭᠡᠮᠡᠨ ᠡᠭ ᠮᠠᠭ ᠦᠭᠡᠢ ᠢᠨᠢᠶᠡᠨ ᠪᠠᠢᠬᠤ ᠶ᠋ᠢ ᠬᠠᠷᠠᠪᠠᠯ᠂ ᠨᠡᠯᠢᠶᠡᠳ ᠬᠠᠯᠠᠮᠴᠠᠴᠢᠬᠠᠵᠠᠢ᠃
ᠠᠪᠲᠤᠯ ᠷᠠᠬᠠᠮᠠᠨ ᠬᠠᠮᠲᠤ ᠢᠷᠡᠭᠰᠡᠨ ᠬᠥᠮᠦᠰ ᠲᠡᠢ ᠪᠡᠨ ᠢᠩᠭᠢᠵᠦ ᠬᠡᠯᠡ ᠠᠮᠠ ᠪᠠᠨ ᠰᠤᠭᠤᠯᠴᠢᠬᠠᠬᠤ ᠰᠢᠬᠠᠮ ᠠᠯᠢᠶ᠎ᠠ ᠬᠣᠱᠣᠩ ᠶᠠᠭᠤᠮ᠎ᠠ ᠶᠠᠷᠢᠵᠤ ᠮᠠᠭᠠᠰᠠᠩᠨᠠᠵᠤ ᠪᠠᠢᠭᠠᠳ ᠣᠷᠣᠢ ᠪᠣᠯᠬᠤ ᠶ᠋ᠢᠨ ᠠᠯᠲᠠ ᠳ᠋ᠤ᠌ ᠨᠡᠯᠢᠶᠡᠳ ᠰᠣᠭᠲᠣᠭᠰᠠᠨ ᠪᠠᠢᠯ᠎ᠠ᠃ ᠢᠷᠡᠭᠰᠡᠨ ᠬᠥᠮᠦᠰ ᠦ᠋ᠨ ᠰᠠᠷᠬᠤᠳ ᠲᠤ᠌ ᠬᠥᠯᠴᠥᠭᠦᠷᠡᠬᠦ ᠶ᠋ᠢ ᠬᠦᠯᠢᠶᠡᠵᠦ ᠪᠠᠢᠭᠰᠠᠨ ᠮᠠᠬᠠᠮᠥ᠋ᠳ᠋ ᠶᠡᠯᠡᠸᠡᠴᠢ ᠰᠠᠮᠪᠠᠭᠠᠴᠢᠯᠠᠨ ᠲᠡᠳᠡᠨ ᠦ᠌ ᠡᠪᠦᠷ ᠲᠦ᠍ ᠨᠢᠭᠡ ᠨᠢᠭᠡ ᠡᠮᠡᠭᠲᠡᠢ ᠰᠢᠷᠭᠤᠭᠤᠯᠤᠨ ᠦᠯᠡᠳᠡᠭᠡᠭᠡᠳ ᠲᠦᠳᠡ ᠤᠳᠠᠯ ᠦᠭᠡᠢ ᠮᠣᠷᠢ ᠪᠠᠨ ᠡᠮᠡᠭᠡᠯᠯᠡᠭᠦᠯᠦᠨ᠂
ᠭᠡᠷ ᠦᠷᠭᠦᠭᠡᠨ ᠡᠴᠡ ᠪᠡᠨ ᠳᠠᠢᠵᠢᠨ ᠶᠠᠪᠤᠯ᠎ᠠ᠃ ᠠᠮᠢ ᠨᠠᠭᠠᠨ᠎ᠠ᠂ ᠲᠠᠮᠤ ᠴᠠᠭᠠᠨ᠎ᠠ ᠢᠷᠡᠬᠦ ᠶ᠋ᠢᠨ ᠴᠠᠭ ᠲᠤ ᠬᠥᠮᠦᠨ ᠭᠡᠭᠴᠢ ᠶᠠᠭᠤ ᠴᠤ ᠰᠦᠪᠡᠭᠴᠢᠯᠡᠵᠦ ᠴᠢᠳᠠᠳᠠᠭ ᠪᠣᠯᠤᠯᠲᠠᠢ᠂ ᠢᠩᠭᠢᠵᠦ ᠴᠣ ᠶᠠᠪᠤᠬᠤ ᠭᠡᠵᠦ ᠭᠡᠮᠡᠨ ᠲᠡᠷᠡ ᠭᠠᠰᠢᠭᠤᠨ ᠢ᠋ᠶ᠋ᠠᠷ ᠪᠣᠳᠣᠯ᠎ᠠ᠃
ᠳᠠᠪᠬᠢᠲᠠᠯ᠎ᠠ ᠳᠠᠪᠬᠤᠷᠯᠠᠨ ᠦᠷᠦᠭᠰᠡᠨ ᠰᠤᠳᠤᠷ ᠤ᠋ᠨ ᠬᠠᠭᠤᠳᠠᠰᠤᠨ ᠳᠡᠭᠡᠷ᠎ᠡ ᠤᠷᠠᠨ ᠪᠢᠷ ᠢ᠋ᠶ᠋ᠡᠷ ᠤᠭᠠᠯᠵᠠᠯᠠᠭᠤᠯᠤᠨ ᠲᠠᠲᠠᠭᠰᠠᠨ ᠪᠢᠴᠢᠭᠡᠰᠦ ᠬᠠᠷᠠᠭᠳᠠᠨ᠎ᠠ᠃ ᠰᠤᠷᠬᠠᠭᠲᠠᠨᠢ ᠬᠠᠲᠤᠨ ᠰᠤᠳᠤᠷ ᠳᠡᠭᠡᠷ᠎ᠡ ᠭᠠᠷ ᠢ᠋ᠶ᠋ᠠᠨ ᠲᠠᠯᠪᠢᠵᠤ᠂
—ᠲᠥᠷᠥ ᠪᠠᠷᠢᠬᠤ ᠶ᠋ᠢᠨ ᠦᠨᠡᠨ ᠡᠭᠦᠨ ᠳ᠋ᠦ᠍ ᠰᠢᠩᠭᠡᠯ᠎ᠡ ᠭᠡᠮᠡᠨ ᠥᠭᠦᠯᠡᠬᠦ ᠳ᠋ᠦ᠍ ᠨᠢᠳᠦᠨ ᠳ᠋ᠦ᠍ ᠦᠯᠦ ᠮᠡᠳᠡᠩᠬᠡᠨ ᠪᠠᠶᠠᠷ ᠭᠡᠢᠨᠡ᠃ ᠨᠣᠮ ᠤ᠋ᠨ ᠦᠷᠭᠦᠭᠡᠨ ᠦ᠌ ᠭᠠᠳᠠᠨ᠎ᠠ ᠪᠠᠷᠢᠭᠰᠠᠨ ᠠᠰᠠᠷ ᠤ᠋ᠨ ᠳᠣᠣᠷ᠎ᠠ ᠴᠤᠭᠯᠠᠭᠰᠠᠨ ᠣᠯᠠᠨ ᠤ᠋ ᠳᠤᠮᠳᠠ ᠶᠸᠯᠢᠤᠢ ᠴᠦᠼᠠᠢ᠂ ᠮᠥᠩᠬᠡ᠂ ᠬᠤᠪᠢᠯᠠᠢ ᠨᠠᠷ ᠪᠠᠢᠯ᠎ᠠ᠃ ᠲᠡᠳᠡᠨ ᠦ᠌ ᠴᠢᠷᠠᠢ ᠳ᠋ᠤ᠌ ᠴᠤ ᠨᠡᠩ ᠪᠠᠶᠠᠷ ᠪᠠᠬᠠᠳᠤᠯ ᠲᠣᠳᠣᠷᠠᠨ ᠪᠠᠢᠭ᠎ᠠ ᠨᠢ ᠡᠨᠡ ᠬᠥᠮᠦᠰ ᠦ᠋ᠨ ᠡᠬᠢᠯᠡᠭᠦᠯᠦᠭᠰᠡᠨ ᠨᠥᠷᠢ ᠶᠡᠬᠡ ᠠᠵᠢᠯ ᠥᠨᠳᠥᠷᠯᠡᠭᠰᠡᠨ ᠪᠣᠯᠬᠤ ᠶ᠋ᠢ ᠬᠠᠷᠠᠭᠤᠯᠤᠨ᠎ᠠ᠃ ᠲᠦᠳᠡ ᠤᠳᠠᠯ ᠦᠭᠡᠢ ᠳᠠᠪᠬᠤᠷᠯᠠᠨ ᠦᠷᠦᠭᠰᠡᠨ ᠬᠠᠭᠤᠳᠠᠰᠤ ᠨᠤᠭᠤᠳ ᠢ᠋ ᠭᠤᠷᠪᠠᠨ ᠬᠡᠰᠡᠭ ᠪᠣᠯᠭᠠᠨ ᠬᠣᠷᠭᠣᠢ ᠡᠮᠵᠢᠶᠡᠷᠢ ᠲᠡᠢ ᠰᠢᠷ᠎ᠠ ᠥᠩᠭᠡ ᠶ᠋ᠢᠨ ᠪᠥᠰ ᠢ᠋ᠶ᠋ᠡᠷ ᠨᠢᠮᠪᠠᠢᠯᠠᠨ ᠪᠠᠷᠢᠨᠲᠠᠭᠯᠠᠵᠤ ᠳᠠᠭᠤᠰᠤᠯ᠎ᠠ᠃ ᠰᠤᠷᠬᠠᠭᠲᠠᠨᠢ ᠬᠠᠲᠤᠨ ᠰᠤᠳᠤᠷ ᠢ᠋ ᠳᠡᠭᠡᠭᠰᠢ ᠡᠷᠭᠦᠵᠦ᠂
—ᠡᠨᠡ ᠰᠤᠳᠤᠷ ᠬᠣᠵᠢᠮ ᠤ᠋ᠨ ᠬᠠᠭᠠᠳ ᠲᠤ ᠲᠥᠷᠥ ᠪᠠᠷᠢᠬᠤ ᠦᠨᠡᠨ ᠬᠢᠭᠡᠳ ᠲᠦᠮᠡᠨ ᠣᠯᠠᠨ ᠢ᠋ ᠵᠠᠯᠠᠬᠤ ᠤᠬᠠᠭᠠᠨ ᠢ᠋ ᠥᠭᠬᠦ ᠪᠣᠢ ᠵᠠ᠃
《ᠬᠠᠲᠤᠨ ᠡᠬᠡ ᠶ᠋ᠢᠨ ᠴᠢᠷᠠᠢ ᠳ᠋ᠤ᠌ ᠡᠨᠡ ᠪᠠᠶᠠᠷ ᠪᠠᠶᠠᠰᠤᠯ ᠣᠯᠠᠨ ᠵᠢᠯ ᠦ᠋ᠨ ᠲᠤᠷᠰᠢᠲᠠ ᠲᠣᠳᠣᠷᠠᠭ᠎ᠠ ᠦᠭᠡᠢ ᠮᠡᠲᠦ ᠰᠠᠨᠠᠭᠳᠠᠨ᠎ᠠ》 ᠭᠡᠮᠡᠨ ᠪᠣᠳᠣᠵᠤ ᠵᠣᠭᠰᠣᠭᠰᠠᠨ ᠬᠦᠦ ᠬᠤᠪᠢᠯᠠᠢ᠄
— ᠡᠵᠢ ᠮᠢᠨᠢ᠂ ᠪᠢ ᠥᠪᠡᠷ ᠦ᠋ᠨ ᠭᠠᠵᠠᠷ ᠨᠤᠲᠤᠭ ᠤᠷᠤᠭᠤ ᠡᠨᠡ ᠬᠦ᠌ ᠰᠤᠳᠤᠷ ᠢ᠋ ᠠᠪᠴᠤ ᠶᠠᠪᠤᠵᠤ ᠣᠯᠠᠰᠢᠷᠠᠭᠤᠯᠤᠨ ᠬᠥᠷᠪᠡᠭᠦᠯᠬᠦ ᠬᠦᠰᠡᠯ ᠲᠡᠢ ᠪᠠᠢᠨ᠎ᠠ ᠭᠡᠬᠦ ᠳ᠋ᠦ᠍᠂
— ᠬᠡᠷᠬᠢᠬᠦ ᠨᠢ ᠴᠢᠨᠦ ᠬᠡᠷᠡᠭ ᠪᠣᠯᠪᠠᠴᠤ ᠥᠨᠥᠬᠡᠨ ᠳ᠋ᠡᠭᠡᠨ ᠪᠣᠯᠤᠭ᠎ᠠ ᠦᠭᠡᠢ᠃ ᠡᠨᠡ ᠰᠤᠳᠤᠷ ᠡᠵᠡᠨᠲᠦ ᠭᠦᠷᠦᠨ ᠦ᠌ ᠭᠠᠯ ᠭᠣᠯᠣᠮᠲᠠ ᠪᠣᠯᠤᠭᠰᠠᠨ ᠠᠭᠤᠷᠠᠭ ᠲᠤ ᠵᠠᠯᠠᠭᠳᠠᠬᠤ ᠤᠴᠢᠷ ᠲᠠᠢ᠃ ᠥᠭᠡᠯᠦᠨ ᠡᠬᠡ ᠶ᠋ᠢᠨ ᠰᠡᠳᠬᠢᠯ ᠢ᠋ ᠪᠣᠳᠣᠵᠤ ᠡᠨᠡ ᠨᠣᠮ ᠤ᠋ᠨ ᠦᠷᠭᠦᠭᠡᠨ ᠳ᠋ᠦ᠍ ᠵᠠᠯᠠᠶ᠎ᠠ᠂ ᠬᠡᠰᠡᠭ ᠲᠡᠭᠡᠨ ᠡᠨᠳᠡ ᠪᠠᠢᠭ ᠭᠡᠪᠡ᠃
— ᠡᠵᠢ ᠲᠠᠨ ᠤ᠋ ᠲᠠᠭᠠᠯᠠᠯ ᠮᠡᠳᠡᠲᠦᠭᠡᠢ ᠭᠡᠵᠦ ᠬᠤᠪᠢᠯᠠᠢ ᠬᠡᠯᠡᠬᠦ ᠳ᠋ᠦ᠍ ᠬᠠᠲᠤᠨ ᠭᠤᠷᠪᠠᠨ ᠳᠠᠪᠬᠤᠷ ᠪᠠᠷᠢᠨᠲᠠᠭᠯᠠᠭᠰᠠᠨ ᠰᠤᠳᠤᠷ ᠢ᠋ᠶ᠋ᠠᠨ ᠳᠠᠬᠢᠨ ᠪᠠᠶᠠᠷ ᠲᠠᠢ ᠪᠠᠷ ᠬᠠᠷᠠᠵᠤ᠂
— ᠬᠠᠷᠢᠨ ᠡᠭᠦᠨ ᠳ᠋ᠦ᠍ ᠶᠠᠮᠠᠷ ᠨᠡᠷ᠎ᠡ ᠥᠭᠬᠦ ᠪᠢᠯᠡ ᠭᠡᠵᠦ ᠠᠰᠠᠭᠤᠯ᠎ᠠ᠃ ᠶᠸᠯᠢᠦᠢ ᠴᠥ᠋ᠼᠠᠢ᠄
—《ᠲᠥᠷᠥ ᠪᠠᠷᠢᠬᠤ ᠶ᠋ᠢᠨ ᠦᠨᠡᠨ》 ᠭᠡᠪᠡᠯ ᠶᠠᠮᠠᠷ ᠪᠣᠢ ᠬᠡᠮᠡᠬᠦ ᠳ᠋ᠦ᠍ ᠰᠤᠷᠬᠠᠭᠲᠠᠨᠢ ᠬᠠᠲᠤᠨ ᠶᠸᠯᠢᠦᠢ ᠴᠥᠼᠡᠢ ᠶ᠋ᠢᠨ ᠥᠭᠭᠦᠭᠰᠡᠨ ᠨᠡᠷ᠎ᠡ ᠶ᠋ᠢ ᠲᠤᠩᠭᠠᠨ ᠬᠡᠰᠡᠭ ᠪᠣᠳᠣᠭᠠᠳ᠂
—《ᠲᠥᠷᠥ ᠪᠠᠷᠢᠬᠤ ᠦᠨᠡᠨ》 ᠭᠡᠳᠡᠭ ᠰᠠᠢᠬᠠᠨ ᠨᠡᠷ᠎ᠡ ᠪᠠᠢᠨ᠎ᠠ᠃ ᠭᠡᠪᠡᠴᠦ ᠴᠢᠬᠢᠨ ᠳ᠋ᠦ᠍ ᠰᠣᠨᠣᠰᠬᠤᠯᠠᠩ ᠲᠠᠢ ᠪᠠᠢᠬᠤ ᠶ᠋ᠢ ᠪᠣᠳᠣᠭᠠᠳ《ᠠᠯᠲᠠᠨ ᠰᠤᠳᠤᠷ》 ᠭᠡᠪᠡᠯ ᠶᠠᠮᠠᠷ ᠪᠣᠢ? ᠬᠠᠲᠤᠨ ᠤ᠋ ᠥᠭᠭᠦᠭᠰᠡᠨ ᠨᠡᠷ᠎ᠡ ᠲᠡᠳᠡᠨ ᠳ᠋ᠦ᠍ ᠲᠠᠭᠠᠯᠠᠭᠳᠠᠭᠰᠠᠨ ᠪᠣᠯᠤᠯᠲᠠᠢ᠂《ᠠᠯᠲᠠᠨ ᠰᠤᠳᠤᠷ》 ᠭᠡᠮᠡᠨ ᠠᠮᠠ ᠠᠮᠠ ᠳ᠋ᠠᠭᠠᠨ ᠬᠡᠯᠡᠵᠦ ᠪᠠᠢᠬᠤ ᠳ᠋ᠤ᠌ ᠲᠡᠳᠡᠨ ᠦ᠌ ᠳᠤᠮᠳᠠ ᠠ᠋ᠴᠠ ᠮᠥᠩᠬᠡ ᠬᠦᠦ ᠨᠢ᠄
—《ᠠᠯᠲᠠᠨ ᠰᠤᠳᠤᠷ》᠃ ᠰᠣᠨᠣᠰᠬᠤᠯᠠᠩ ᠲᠠᠢ ᠬᠢᠷᠢᠨ᠎ᠡ ᠰᠠᠢᠬᠠᠨ ᠰᠣᠨᠣᠰᠤᠭᠳᠠᠵᠤ ᠪᠠᠢᠨ᠎ᠠ ᠬᠡᠮᠡᠯ᠎ᠡ᠃
※
ᠠᠭᠤᠷᠠᠭ ᠲᠤ《ᠠᠯᠲᠠᠨ ᠰᠤᠳᠤᠷ》 ᠪᠦᠲᠦᠵᠦ ᠪᠠᠢᠬᠤ ᠳ᠋ᠤ᠌ ᠬᠠᠷᠠᠬᠣᠷᠣᠮ ᠳ᠋ᠤ᠌ ᠬᠤᠳᠠᠯ ᠬᠠᠭᠤᠷᠮᠠᠭ ᠤ᠋ᠨ ᠰᠠᠯᠬᠢ ᠬᠤᠢᠯᠠᠷᠠᠨ ᠪᠠᠢᠯ᠎ᠠ᠃ ᠮᠠᠬᠠᠮᠥ᠋ᠳ᠋ ᠶᠠᠯᠠᠸᠠᠴᠢ ᠶ᠋ᠢ ᠬᠣᠷᠣᠭᠠᠵᠤ ᠴᠢᠳᠠᠯ ᠦᠭᠡᠢ ᠠᠯᠳᠠᠵᠤ᠂ ᠲᠣᠯᠣᠭᠠᠢ ᠪᠠᠨ ᠭᠠᠨᠵᠤᠭᠠᠯᠠᠨ ᠢᠷᠡᠭᠰᠡᠨ ᠠᠪᠲᠤᠯ ᠷᠠᠬᠠᠮᠠᠨ᠂ ᠳᠦᠷᠭᠡᠨ᠎ᠡ ᠬᠠᠲᠤᠨ ᠤ᠋ ᠦᠷᠭᠦᠭᠡᠨ ᠳ᠋ᠦ᠍ ᠲᠡᠷᠢᠭᠦᠨ ᠢ᠋ᠶ᠋ᠡᠨ ᠭᠣᠳᠣᠢᠯᠭᠠᠨ ᠰᠠᠭᠤᠵᠠᠢ᠃
— ᠠᠷᠠᠴᠢᠭ᠎ᠠ ᠦᠭᠡᠢ ᠠᠮᠢᠲᠠᠨ᠂ ᠨᠢᠭᠡ ᠮᠠᠭᠤ ᠡᠪᠦᠭᠡᠨ ᠢ᠋ ᠴᠠᠭᠠᠰᠢ ᠪᠠᠨ ᠬᠠᠷᠠᠭᠤᠯᠵᠤ ᠴᠢᠳᠠᠯ ᠦᠭᠡᠢ ᠠᠯᠳᠠᠴᠢᠬᠠᠳᠠᠭ ᠴᠢᠮᠠᠶ᠋ᠢ ᠲᠥᠷᠥ ᠶ᠋ᠢᠨ ᠰᠠᠢᠳ ᠭᠡᠬᠦ ᠡᠴᠡ ᠪᠡᠨ ᠢᠯᠡᠭᠦᠦ ᠲᠥᠯᠥᠭᠡᠨ ᠡᠴᠡ ᠳᠣᠣᠷ᠎ᠠ ᠠᠮᠢᠲᠠᠨ ᠪᠣᠯᠬᠤ ᠶ᠋ᠢ ᠴᠢᠨᠢ ᠪᠢ ᠬᠠᠷᠠᠯ᠎ᠠ᠃᠃ ᠡᠢᠮᠦ ᠬᠥᠮᠦᠨ ᠳ᠋ᠦ᠍ ᠢᠲᠡᠭᠡᠵᠦ ᠪᠠᠢᠳᠠᠭ᠃ ᠳᠦᠷᠭᠡᠨ᠎ᠠ ᠬᠠᠲᠤᠨ ᠤ᠋ ᠬᠠᠯᠬᠠᠯᠠᠨ ᠠᠭᠤᠷᠰᠠᠬᠤ ᠳᠠᠭᠤ ᠦᠷᠭᠦᠭᠡᠨ ᠦ᠌ ᠭᠠᠳᠠᠨ᠎ᠠ ᠪᠠᠢᠭ᠎ᠠ ᠬᠡᠪᠲᠡᠭᠦᠯ ᠦ᠋ᠳ ᠴᠦ᠍ ᠳᠤᠭᠤᠯᠳᠠᠬᠤ ᠪᠠᠷ ᠴᠢᠩᠭᠠᠷᠠᠨ ᠪᠠᠢᠯ᠎ᠠ᠃ ᠠᠪᠲᠤᠯ ᠷᠠᠬᠠᠮᠠᠨ ᠯᠠᠪ ᠡᠨᠳᠡ ᠡᠴᠡ ᠠᠮᠢᠳᠤ ᠭᠠᠷᠴᠤ ᠢᠷᠡᠬᠦ ᠦᠭᠡᠢ ᠭᠡᠵᠦ ᠲᠡᠳᠡ ᠬᠣᠭᠣᠷᠣᠨᠳᠣ ᠪᠠᠨ ᠮᠥᠷᠥᠢᠴᠡᠵᠦ ᠪᠠᠢᠪᠠ᠃ ᠲᠦᠷᠦᠭᠦᠨ ᠡᠴᠡ ᠬᠣᠢᠰᠢ ᠳᠠᠭᠤ ᠦᠭᠡᠢ ᠰᠠᠭᠤᠭᠰᠠᠨ ᠠᠪᠲᠤᠯ ᠷᠠᠬᠠᠮᠠᠨ᠄
— ᠮᠠᠬᠠᠮᠥ᠋ᠳ᠋ ᠶᠠᠯᠠᠸᠠᠴᠢ ᠵᠢᠭᠤᠲᠠᠭᠰᠠᠭᠠᠷ ᠲᠡᠷᠡ ᠰᠥᠨᠢ ᠳ᠋ᠡᠭᠡᠨ ᠭᠣᠳᠠᠨ ᠬᠠᠨ ᠬᠦᠦ ᠶ᠋ᠢᠨ ᠳ᠋ᠦ᠍ ᠣᠴᠢᠵᠤ ᠨᠢᠭᠤᠭᠳᠠᠵᠠᠢ᠃ ᠨᠢᠭᠡᠨᠲᠡ ᠶᠡᠬᠡ ᠬᠠᠭᠠᠨ ᠤ᠋ ᠬᠦᠦ ᠲᠤᠯᠠ ᠪᠢᠳᠡ ᠬᠠᠯᠳᠠᠨ ᠨᠡᠩᠵᠢᠬᠦ ᠡᠷᠬᠡ ᠦᠭᠡᠢ ᠤᠴᠢᠷ ᠠᠷᠭ᠎ᠠ ᠪᠤᠶᠤ ᠪᠤᠴᠠᠵᠤ ᠢᠷᠡᠯ᠎ᠡ᠂ ᠥᠷᠥᠰᠢᠶᠡᠭᠲᠦᠨ ᠭᠡᠬᠦ ᠳ᠋ᠦ᠍᠂
— ᠮᠥᠨ ᠴᠦ ᠲᠠᠭᠠᠷᠠᠭᠰᠠᠨ ᠬᠥᠮᠦᠰ ᠭᠡᠬᠦ ᠪᠡᠷ ᠢ᠋ᠶ᠋ᠡᠨ ᠡᠢᠮᠦ ᠪᠠᠢᠳᠠᠭ ᠪᠠᠢᠬᠤ ᠳᠠ᠃ ᠡᠮ᠎ᠡ ᠡᠪᠦᠷᠲᠦᠯᠡᠵᠦ ᠬᠡᠪᠲᠡᠬᠦ ᠪᠡᠷ ᠡᠬᠢᠯᠡᠭᠰᠡᠨ ᠠᠵᠢᠯ ᠢ᠋ᠶ᠋ᠠᠨ ᠳᠠᠭᠤᠰᠬᠠᠬᠤ ᠦᠭᠡᠢ ᠨᠢ ᠶᠠᠭᠠᠬᠢᠭᠰᠠᠨ ᠲᠡᠨᠡᠭ ᠦ᠋ᠳ ᠪᠣᠢ᠂ ᠣᠳᠣ ᠬᠡᠷᠬᠢᠬᠦ ᠪᠢᠯᠡ᠃ ᠲᠥᠷᠥᠭᠰᠡᠨ ᠬᠦᠦ ᠮᠢᠨᠢ ᠨᠠᠳᠠ ᠠ᠋ᠴᠠ ᠤᠷᠪᠠᠵᠤ᠂ ᠭᠠᠭᠴᠠ ᠮᠠᠭᠤ ᠰᠠᠢᠳ ᠢ᠋ ᠡᠬᠡ ᠡᠴᠡ ᠪᠡᠨ ᠢᠯᠡᠭᠦᠦ ᠦᠵᠡᠵᠦ ᠰᠠᠭᠤᠨ᠎ᠠ᠃
ᠠᠪᠲᠤᠯ ᠷᠠᠬᠠᠮᠠᠨ ᠳᠡᠭᠡᠭᠰᠢ ᠪᠣᠰᠤᠨ ᠬᠠᠲᠤᠨ ᠤ᠋ ᠥᠭᠡᠳᠡ ᠡᠴᠡ ᠣᠴᠢᠵᠤ᠂ ᠶᠡᠬᠡ ᠯᠡ ᠴᠢᠬᠤᠯᠠ ᠪᠠᠷ᠂
— ᠲᠡᠭᠦᠨ ᠡᠴᠡ ᠴᠦ᠍ ᠬᠡᠴᠡᠭᠦᠦ ᠬᠡᠷᠡᠭ ᠮᠠᠨᠳᠤᠭᠠᠳ ᠪᠠᠢᠨ᠎ᠠ᠂ ᠶᠡᠬᠡ ᠬᠠᠲᠤᠨ ᠮᠢᠨᠢ ᠭᠡᠪᠡ᠃
— ᠶᠠᠭᠤᠨ ᠬᠡᠷᠡᠭ ᠮᠠᠨᠳᠤᠭ᠎ᠠ ᠪᠣᠢ?
— ᠭᠤᠳᠠᠨ ᠬᠠᠨ ᠬᠦᠦ ᠬᠠᠲᠤᠨ ᠲᠠᠨ ᠤ᠋ ᠡᠰᠡᠷᠭᠦ ᠬᠥᠳᠡᠯᠦᠨ ᠪᠣᠰᠬᠤ ᠭᠡᠵᠦ ᠪᠠᠢᠨ᠎ᠠ ᠭᠡᠵᠦ ᠳᠤᠭᠤᠯᠲᠠᠯᠠ᠃ ᠲᠡᠷᠡ ᠥᠪᠡᠷ ᠦ᠋ᠨ ᠬᠥᠮᠦᠰ ᠢ᠋ᠶ᠋ᠡᠨ ᠬᠡᠳᠦᠢᠨ ᠪᠡᠯᠡᠨ ᠪᠣᠯᠭᠠᠨ ᠬᠠᠲᠤᠨ ᠡᠬᠡ ᠡᠴᠡ ᠲᠥᠷᠥ ᠶ᠋ᠢᠨ ᠡᠷᠬᠡ ᠶ᠋ᠢ ᠠᠪᠬᠤ ᠪᠠᠷ ᠵᠣᠷᠢᠭ ᠰᠢᠯᠤᠭᠤᠳᠴᠠᠢ᠃ ᠭᠤᠳᠠᠨ ᠤ᠋ ᠶᠡᠬᠡ ᠴᠡᠷᠢᠭ ᠤᠳᠠᠬᠤ ᠦᠭᠡᠢ ᠨᠠᠭᠠᠰᠢ ᠭᠠᠷᠬᠤ ᠰᠤᠷᠠᠭ ᠲᠠᠢ ᠭᠡᠬᠦ ᠳ᠋ᠦ᠍ ᠳᠦᠷᠭᠡᠨ᠎ᠡ ᠬᠠᠲᠤᠨ ᠰᠠᠨᠠᠭ᠎ᠠ ᠠᠯᠲᠠᠨ᠂ ᠬᠥᠮᠥᠬᠡᠢ ᠪᠡᠨ ᠵᠠᠭᠤᠯᠠ᠃ ᠬᠠᠲᠤᠨ ᠤ᠋ ᠡᠨᠡ ᠠᠷᠭ᠎ᠠ ᠪᠠᠷᠠᠭᠳᠠᠭᠰᠠᠨ ᠪᠠᠢᠳᠠᠯ ᠢ᠋ ᠣᠪᠵᠢᠨ ᠠᠰᠢᠭᠯᠠᠬᠤ ᠪᠠᠨ ᠬᠡᠵᠢᠶᠡᠨ ᠡᠴᠡ ᠮᠡᠳᠡᠳᠡᠭ ᠹᠠᠲ᠋ᠢᠮᠠ᠂ ᠬᠠᠲᠤᠨ ᠤ᠋ ᠥᠭᠡᠳᠡ ᠡᠴᠡ ᠨᠢᠯᠤᠭᠤᠨ ᠳᠠᠭᠤ ᠪᠠᠷ᠂
— ᠬᠠᠲᠤᠨᠲᠠᠨ ᠮᠢᠨᠢ᠂ ᠤᠬᠠᠭᠠᠨ ᠢ᠋ ᠨᠢ ᠲᠥᠷᠥᠭᠦᠯᠬᠦ ᠡᠴᠡ ᠰᠡᠳᠬᠢᠯ ᠢ᠋ ᠨᠢ ᠲᠥᠷᠥᠭᠦᠯᠦᠭᠡ ᠦᠭᠡᠢ ᠨᠢ ᠦᠨᠡᠨ ᠪᠢᠯᠡ᠃ ᠲᠥᠷᠥᠭᠦᠯᠦᠭᠰᠡᠨ ᠡᠬᠡ ᠳ᠋ᠡᠭᠡᠨ ᠦᠨᠡᠨ ᠪᠤᠰᠤ ᠬᠠᠨᠳᠤᠵᠤ ᠪᠣᠢ ᠬᠥᠮᠦᠨ ᠡᠬᠡ ᠪᠣᠯᠤᠭᠰᠠᠨ ᠮᠣᠩᠭᠣᠯ ᠳ᠋ᠠᠭᠠᠨ ᠬᠢᠷᠢ ᠦᠨᠡᠨᠴᠢ ᠬᠠᠨᠳᠤᠬᠤ ᠪᠣᠢ? ᠶᠠᠭᠠᠬᠢᠭᠰᠠᠨ ᠬᠡᠴᠡᠭᠦᠦ ᠬᠡᠷᠡᠭ ᠪᠢᠯᠡ ᠬᠡᠮᠡᠭᠡᠳ ᠦᠨᠡᠨ ᠬᠤᠳᠠᠯ ᠨᠢ ᠮᠡᠳᠡᠭᠳᠡᠬᠦ ᠦᠭᠡᠢ ᠤᠬᠢᠯᠠᠵᠤ ᠡᠬᠢᠯᠡᠯ᠎ᠡ᠃
— ᠦᠨᠡᠨ ᠳ᠋ᠡᠭᠡᠨ ᠪᠢ ᠬᠦᠦ ᠳ᠋ᠡᠭᠡᠨ ᠭᠣᠮᠣᠳᠠᠬᠤ ᠶ᠋ᠢᠨ ᠶᠡᠬᠡ ᠪᠡᠷ ᠭᠣᠮᠣᠳᠠᠵᠤ ᠪᠠᠢᠨ᠎ᠠ᠃ ᠪᠢ ᠲᠡᠭᠦᠨ ᠳ᠋ᠦ᠍ ᠡᠨᠡ ᠬᠣᠷᠸ᠎ᠠ ᠳ᠋ᠤ᠌ ᠠᠮᠢᠰᠬᠤᠯᠯᠠᠬᠤ ᠠᠮᠢ ᠥᠭᠭᠦᠭᠰᠡᠨ ᠪᠢᠯᠡ᠃ ᠨᠢᠭᠡᠨᠲᠡ ᠥᠭᠭᠦᠭᠰᠡᠨ ᠶᠠᠭᠤᠮ᠎ᠠ ᠶ᠋ᠢ ᠪᠤᠴᠠᠭᠠᠨ ᠠᠪᠴᠤ ᠪᠠᠰᠠ ᠪᠣᠯᠳᠠᠭ ᠶᠣᠰᠣᠨ ᠪᠣᠢ᠃ ᠭᠡᠪᠡᠴᠦ ᠪᠢ ᠬᠦᠦ ᠲᠡᠢ ᠪᠡᠨ ᠨᠢᠭᠤᠷ ᠨᠢᠭᠤᠷ ᠢ᠋ᠶ᠋ᠠᠨ ᠬᠠᠷᠠᠯᠴᠠᠨ ᠪᠠᠢᠵᠤ᠂ ᠦᠨᠡᠨ ᠮᠥᠨ ᠢ᠋ᠶ᠋ᠡᠨ ᠣᠯᠤᠯᠴᠠᠬᠤ ᠬᠦᠰᠡᠯ ᠲᠡᠢ ᠲᠤᠯᠠ ᠲᠡᠭᠦᠨ ᠳ᠋ᠦ᠍ ᠵᠠᠬᠢᠳᠠᠯ ᠢᠯᠡᠭᠡᠶ᠎ᠡ ᠭᠡᠵᠦ ᠬᠡᠯᠡᠭᠡᠳ ᠪᠠᠷᠠᠭᠤᠨ ᠭᠠᠷ ᠢ᠋ᠶ᠋ᠠᠨ ᠰᠤᠩᠭᠠᠯ᠎ᠠ᠃ ᠣᠷᠳᠣᠨ ᠤ᠋ ᠠᠯᠪᠠᠲᠤ ᠨᠤᠭᠤᠳ ᠲᠦᠳᠡ ᠤᠳᠠᠯ ᠦᠭᠡᠢ ᠬᠠᠲᠤᠨ ᠤ᠋ ᠭᠠᠷ ᠲᠤ᠌ ᠪᠢᠷ ᠶᠠᠨᠲᠠᠢ ᠪᠠᠷᠢᠭᠤᠯᠤᠨ ᠡᠮᠦᠨ᠎ᠡ ᠨᠢ ᠴᠠᠭᠠᠰᠤ ᠠᠪᠴᠢᠷᠠᠵᠤ᠂ ᠳᠡᠯᠭᠡᠨ ᠲᠠᠯᠪᠢᠯ᠎ᠠ᠃ ᠳᠦᠷᠭᠡᠨ᠎ᠡ ᠬᠠᠲᠤᠨ ᠤ᠋ ᠭᠠᠷ ᠲᠤ ᠠᠳᠬᠤᠭᠠᠰᠤ ᠲᠠᠢ ᠪᠢᠷ ᠦ᠋ᠨ ᠡᠰᠢ ᠴᠡᠴᠡᠷᠡᠨ ᠬᠥᠳᠡᠯᠵᠦ ᠪᠠᠢᠭ᠎ᠠ ᠨᠢ ᠬᠠᠷᠠᠭᠳᠠᠨ᠎ᠠ᠃ ᠲᠡᠷᠡ ᠴᠠᠭᠠᠰᠤᠨ ᠳᠡᠭᠡᠷ᠎ᠡ ᠬᠢᠴᠢᠶᠡᠩᠭᠦᠢᠯᠡᠨ ᠪᠢᠴᠢᠯ᠎ᠡ᠃
—《ᠡᠬᠡ ᠴᠢᠨᠢ ᠴᠢᠮᠠᠶ᠋ᠢ ᠲᠥᠷᠥᠵᠦ ᠪᠠᠢᠭᠰᠠᠨ ᠲᠡᠷᠡ ᠴᠠᠭ ᠲᠤ ᠲᠩᠷᠢ ᠶ᠋ᠢᠨ ᠨᠠᠷᠠ ᠶ᠋ᠢ ᠡᠪᠦᠷ ᠳᠡᠭᠡᠷ᠎ᠡ ᠪᠡᠨ ᠲᠠᠯᠪᠢᠭᠰᠠᠨ ᠮᠡᠲᠦ ᠵᠢᠷᠭᠠᠯ ᠲᠠᠢ ᠪᠠᠢᠯ᠎ᠠ᠃ ᠥᠭᠡᠳᠡ ᠡᠴᠡ ᠮᠢᠨᠢ ᠦᠨᠡᠭᠡᠴᠢᠯᠡᠬᠦ ᠪᠢᠴᠢᠬᠠᠨ ᠦᠷ᠎ᠡ ᠴᠢ ᠡᠪᠦᠷ ᠳᠡᠭᠡᠷ᠎ᠡ ᠮᠢᠨᠢ ᠮᠠᠨᠳᠤᠬᠤ ᠨᠠᠷᠠ ᠰᠢᠭ ᠰᠡᠳᠬᠢᠯ ᠵᠢᠷᠦᠬᠡᠨ ᠳ᠋ᠦ᠍ ᠮᠢᠨᠢ ᠭᠡᠷᠡᠯ ᠢ᠋ᠶ᠋ᠡᠨ ᠠᠰᠠᠭᠠᠵᠤ ᠪᠠᠢᠭᠰᠠᠨ᠃ ᠲᠡᠷᠡ ᠭᠡᠷᠡᠯ ᠥᠨᠥ ᠬᠢᠷᠢᠨ᠎ᠡ ᠵᠢᠷᠦᠬᠡᠨ ᠳ᠋ᠦ᠍ ᠮᠢᠨᠢ ᠪᠠᠢᠬᠤ ᠠᠪᠠᠴᠤ ᠡᠪᠦᠷ ᠳᠡᠭᠡᠷ᠎ᠡ ᠮᠢᠨᠢ ᠮᠠᠨᠳᠤᠵᠤ ᠪᠠᠢᠭᠰᠠᠨ ᠨᠠᠷᠠ ᠵᠢᠷᠭᠠᠬᠤ ᠪᠠᠷ ᠠᠭᠤᠯᠠ ᠶ᠋ᠢᠨ ᠴᠠᠭᠠᠭᠤᠷ ᠣᠷᠣᠭᠰᠠᠨ ᠮᠡᠲᠦ ᠳᠣᠲᠣᠷ᠎ᠠ ᠬᠠᠷᠠᠩᠭᠤᠢᠯᠠᠨᠠ᠃ ᠥᠨᠥ ᠬᠠᠭᠤᠴᠢᠨ ᠰᠠᠢᠳ ᠨᠠᠷ ᠢ᠋ ᠬᠠᠭᠠᠴᠠᠢᠯᠠᠨ ᠪᠠᠢᠬᠤ ᠴᠢᠨᠢ ᠶᠠᠮᠠᠷ ᠰᠠᠨᠠᠭ᠎ᠠ ᠠᠭᠤᠯᠵᠤ ᠪᠣᠢ ᠶ᠋ᠢ ᠮᠡᠳᠡᠬᠦ ᠦᠭᠡᠢ ᠲᠤᠯᠠ ᠮᠢᠨᠦ ᠰᠠᠨᠠᠭ᠎ᠠ ᠵᠣᠪᠠᠵᠤ ᠪᠠᠢᠨ᠎ᠠ᠃ ᠡᠬᠡ ᠡᠴᠡ ᠪᠡᠨ ᠴᠢ ᠶᠠᠭᠤᠨ ᠤ᠋ ᠤᠴᠢᠷ ᠬᠣᠯᠠᠳᠠᠨ᠎ᠠ ᠪᠣᠢ? ᠬᠡᠷᠪᠡ ᠶᠠᠮᠠᠷ ᠨᠢᠭᠡᠨ ᠰᠠᠨᠠᠭ᠎ᠠ ᠦᠭᠡᠢ ᠪᠣᠯᠪᠠᠰᠤ ᠦᠳᠲᠡᠷ ᠢᠷᠡᠵᠦ ᠠᠭᠤᠯᠵᠠᠨ᠎ᠠ ᠤᠤ》 ᠭᠡᠮᠡᠨ ᠪᠢᠴᠢᠵᠦ ᠳᠠᠭᠤᠰᠬᠠᠯ᠎ᠠ᠃ ᠲᠡᠷᠡ ᠵᠠᠬᠢᠶ᠎ᠠ ᠪᠠᠨ ᠪᠢᠴᠢᠵᠦ ᠳᠠᠭᠤᠰᠬᠠᠭᠠᠳ᠂
— ᠶᠡᠬᠡ ᠮᠣᠩᠭᠣᠯ ᠤᠯᠤᠰ ᠤ᠋ᠨ ᠲᠥᠯᠥᠭᠡ ᠰᠡᠳᠬᠢᠯ ᠵᠢᠷᠦᠬᠡ ᠪᠡᠨ ᠵᠣᠷᠢᠭᠤᠯᠤᠨ᠂ ᠤᠨᠲᠠᠬᠤ ᠨᠣᠢᠷ ᠤᠤᠭᠤᠵᠤ ᠢᠳᠡᠬᠦ ᠪᠡᠨ ᠤᠮᠠᠷᠲᠠᠨ ᠪᠠᠢᠬᠤ ᠳ᠋ᠤ᠌ ᠮᠢᠨᠦ ᠬᠥᠪᠡᠭᠦᠳ ᠨᠠᠮᠠᠶ᠋ᠢ ᠣᠢᠯᠠᠭᠠᠬᠤ ᠦᠭᠡᠢ ᠪᠠᠢᠬᠤ ᠨᠢ ᠶᠠᠭᠤᠲᠠᠢ ᠭᠠᠰᠠᠯᠠᠩᠲᠠᠢ ᠭᠡᠮᠡᠨ ᠬᠡᠯᠡᠭᠡᠳ ᠵᠠᠬᠢᠳᠠᠯ ᠢ᠋ ᠬᠤᠢᠯᠠᠨ ᠠᠪᠲᠤᠯ ᠷᠠᠬᠠᠮᠠᠨ ᠳ᠋ᠤ᠌ ᠭᠠᠷ ᠰᠤᠩᠭᠠᠨ ᠥᠭᠭᠦᠯ᠎ᠡ
ᠠᠪᠲᠤᠯ ᠷᠠᠬᠠᠮᠠᠨ ᠬᠠᠮᠤᠭ ᠬᠥᠯᠥᠰᠥ ᠨᠢ ᠪᠤᠷᠵᠠᠢᠴᠢᠬᠠᠭᠰᠠᠨ ᠤᠯᠠᠭ᠎ᠠ ᠪᠤᠲᠠᠷᠠᠭᠰᠠᠨ ᠠᠮᠢᠲᠠᠨ᠂ ᠨᠢᠭᠤᠷ ᠨᠢ ᠦᠯᠦ ᠶᠠᠯᠢᠭ ᠲᠠᠲᠠᠪᠠᠭᠠᠨᠠᠨ ᠴᠡᠴᠡᠷᠡᠭᠰᠡᠭᠡᠷ ᠬᠠᠲᠤᠨ ᠤ᠋ ᠦᠷᠭᠦᠭᠡᠨ ᠡᠴᠡ ᠭᠠᠷᠴᠤ ᠢᠷᠡᠬᠦ ᠳ᠋ᠦ᠍ ᠦᠷᠭᠦᠭᠡᠨ ᠦ᠌ ᠬᠡᠪᠲᠡᠭᠦᠯ ᠦ᠋ᠨ ᠨᠢᠭᠡᠨ ᠲᠡᠭᠦᠨ ᠦ᠌ ᠠᠷᠤ ᠠ᠋ᠴᠠ ᠬᠠᠷᠠᠵᠤ ᠪᠠᠢᠭᠰᠠᠨ ᠢ᠋ᠶ᠋ᠠᠨ ᠨᠥᠭᠦᠭᠡ ᠪᠡᠨ ᠨᠢᠳᠤᠷᠴᠤ᠂
— ᠮᠥᠷᠥᠢ ᠪᠡᠨ ᠪᠢ ᠠᠪᠤᠭᠰᠠᠨ ᠰᠢᠦ ᠭᠡᠮᠡᠨ ᠬᠡᠯᠡᠭᠡᠳ ᠨᠢᠳᠦ ᠪᠡᠨ ᠢᠷᠮᠡᠪᠡ᠃
ᠦᠨᠡᠨ ᠳ᠋ᠡᠭᠡᠨ ᠪᠣᠯ ᠳᠦᠷᠭᠡᠨ᠎ᠡ ᠬᠠᠲᠤᠨ ᠲᠥᠷᠥ ᠶ᠋ᠢᠨ ᠡᠷᠬᠡ ᠶ᠋ᠢ ᠠᠪᠤᠭᠠᠳ ᠬᠢᠭᠰᠡᠨ ᠠᠵᠢᠯ ᠣᠯᠠᠨ ᠪᠠᠢᠯ᠎ᠠ᠃ ᠲᠡᠷᠡ ᠬᠠᠷᠠᠬᠣᠷᠣᠮ ᠳ᠋ᠤ᠌ ᠰᠢᠨ᠎ᠡ ᠰᠢᠨ᠎ᠡ ᠪᠠᠷᠢᠯᠭ᠎ᠠ ᠪᠠᠷᠢᠭᠤᠯᠬᠤ ᠠᠵᠢᠯ ᠢ᠋ ᠡᠬᠢᠯᠡᠭᠦᠯᠵᠦ᠂ ᠨᠢᠭᠡᠨ ᠴᠠᠭ ᠲᠤ ᠥᠭᠡᠳᠡᠢ ᠡᠵᠡᠨ ᠬᠠᠭᠠᠨ ᠤ᠋ ᠰᠠᠭᠤᠷᠢ ᠶ᠋ᠢ ᠨᠢ ᠲᠠᠯᠪᠢᠭᠰᠠᠨ ᠡᠵᠡᠨᠲᠦ ᠭᠦᠷᠦᠨ ᠦ᠌ ᠨᠡᠢᠰᠯᠡᠯ ᠢ᠋ ᠤᠯᠠᠮ ᠥᠩᠭᠡ ᠲᠡᠢ ᠪᠣᠯᠭᠠᠬᠤ ᠬᠦᠰᠡᠯ ᠲᠡᠢ ᠪᠠᠢᠭᠰᠠᠨ ᠲᠤᠯᠠ ᠬᠠᠷᠠᠬᠣᠷᠣᠮ ᠢ᠋ ᠲᠡᠯᠡᠬᠦ ᠪᠣᠳᠣᠯᠭ᠎ᠠ ᠶᠠᠪᠤᠭᠤᠯᠵᠤ ᠡᠬᠢᠯᠡᠭᠡᠳ ᠪᠠᠢᠪᠠ᠃
ᠥᠭᠡᠳᠡᠢ ᠬᠠᠭᠠᠨ ᠤ᠋ ᠠᠮᠢᠳᠤ ᠰᠡᠷᠡᠭᠦᠨ ᠠᠬᠤᠢ ᠳ᠋ᠠᠭᠠᠨ ᠳᠥᠰᠢᠨ ᠲᠤᠯᠵᠤ ᠪᠠᠢᠭᠰᠠᠨ ᠨᠣᠮᠴᠢ ᠮᠡᠷᠭᠡᠳ ᠰᠠᠢᠳ ᠲᠦᠰᠢᠮᠡᠳ ᠢ᠋ ᠬᠠᠯᠠᠨ ᠶᠠᠪᠤᠭᠤᠯᠤᠭᠰᠠᠨ ᠤ᠋ ᠳᠠᠷᠠᠭ᠎ᠠ ᠡᠵᠡᠯᠡᠭᠳᠡᠭᠰᠡᠨ ᠤᠯᠤᠰ ᠣᠷᠣᠨ ᠬᠢᠭᠡᠳ ᠠᠷᠠᠳ ᠲᠦᠮᠡᠨ ᠦ᠌ ᠳᠤᠮᠳᠠ ᠠ᠋ᠴᠠ ᠠᠪᠬᠤ ᠲᠠᠲᠠᠪᠤᠷᠢ ᠶ᠋ᠢᠨ ᠬᠡᠮᠵᠢᠶ᠎ᠡ ᠶ᠋ᠢ ᠶᠡᠬᠡᠰᠬᠡᠭᠰᠡᠨ ᠨᠢ ᠲᠥᠷᠥ ᠶ᠋ᠢ ᠬᠦᠴᠦᠷᠬᠡᠭᠵᠢᠭᠦᠯᠬᠦ ᠪᠣᠳᠣᠯᠭ᠎ᠠ ᠲᠠᠢ ᠪᠠᠨ ᠵᠣᠬᠢᠴᠠᠵᠤ ᠥᠭᠬᠦ ᠦᠭᠡᠢ ᠪᠠᠢᠪᠠ᠃
※
ᠡᠨᠡ ᠦᠶ᠎ᠡ ᠳ᠋ᠦ᠍ ᠮᠥᠩᠬᠡ᠂ ᠶᠸᠯᠢᠦᠢ ᠴᠦᠼᠡᠢ ᠶ᠋ᠢᠨ ᠬᠠᠮᠲᠤ《ᠠᠯᠲᠠᠨ ᠰᠤᠳᠤᠷ》 ᠪᠢᠴᠢᠬᠦ ᠨᠥᠷᠢ ᠶᠡᠬᠡ ᠠᠵᠢᠯ ᠢ᠋ ᠳᠠᠭᠤᠰᠬᠠᠨ ᠬᠠᠷᠠᠬᠣᠷᠣᠮ ᠳ᠋ᠤ᠌ ᠢᠷᠡᠯ᠎ᠡ᠃
ᠮᠥᠩᠬᠡ ᠶ᠋ᠢᠨ ᠦᠷᠭᠦᠭᠡᠨ ᠳ᠋ᠦ᠍ ᠰᠥᠨᠢ ᠳᠦᠯᠢ ᠪᠡᠷ ᠨᠢᠭᠡᠨ ᠬᠥᠮᠦᠨ ᠢᠷᠡᠭᠰᠡᠨ ᠨᠢ ᠥᠭᠡᠳᠡᠢ ᠬᠠᠭᠠᠨ ᠤ᠋ ᠬᠦᠦ ᠬᠥᠶᠦᠭ ᠪᠠᠢᠪᠠ᠃ ᠲᠡᠷᠡ ᠰᠠᠷᠬᠤᠳ ᠬᠦᠷᠲᠡᠭᠡᠳ ᠨᠡᠯᠢᠶᠡᠳ ᠬᠠᠯᠠᠮᠴᠠᠭᠰᠠᠨ ᠨᠢ ᠬᠠᠷᠠᠭᠳᠠᠨ᠎ᠠ᠃ ᠶᠠᠮᠠᠷ ᠰᠠᠨᠠᠭ᠎ᠠ ᠲᠡᠭᠡᠭᠡᠨ ᠢᠷᠡᠭᠰᠡᠨ ᠨᠢ ᠦᠯᠦ ᠮᠡᠳᠡᠭᠳᠡᠬᠦ ᠭᠦᠶᠦᠭ᠂ ᠮᠥᠩᠬᠡ ᠶ᠋ᠢᠨ ᠦᠷᠭᠦᠭᠡᠨ ᠳ᠋ᠦ᠍ ᠣᠷᠣᠵᠤ ᠢᠷᠡᠩᠭᠦᠲᠡ ᠪᠡᠨ᠂
— ᠰᠠᠷᠬᠤᠳ ᠠᠯᠢ ᠭᠡᠵᠦ ᠠᠮᠤᠷ ᠮᠡᠨᠳᠦ ᠪᠡᠨ ᠠᠰᠠᠭᠤᠵᠤ ᠵᠠᠪᠳᠤᠯ ᠦᠭᠡᠢ ᠠᠶᠠᠭᠠᠴᠢᠨ᠂ ᠰᠢᠪᠡᠭᠴᠢᠳ ᠢ᠋ ᠳᠠᠭᠤᠳᠠᠭᠤᠯᠤᠨ ᠠᠭᠰᠤᠮᠨᠠᠬᠤ᠂ ᠵᠠᠷᠯᠢᠭ ᠪᠠᠭᠤᠯᠭᠠᠬᠤ ᠬᠣᠶᠠᠷ ᠤ᠋ᠨ ᠵᠠᠪᠰᠠᠷ ᠢ᠋ᠶ᠋ᠠᠷ ᠬᠡᠯᠡᠵᠦ᠂ ᠲᠦᠳᠡ ᠤᠳᠠᠯ ᠦᠭᠡᠢ ᠭᠦᠶᠦᠭ ᠦ᠋ᠨ ᠡᠮᠦᠨᠡᠬᠢ ᠶᠠᠪᠠᠭᠠᠨ ᠰᠢᠷᠡᠭᠡᠨ ᠳᠡᠭᠡᠷ᠎ᠡ ᠡᠮᠦᠨᠡᠲᠦ ᠭᠠᠵᠠᠷ ᠠ᠋ᠴᠠ ᠠᠪᠴᠢᠷᠠᠭᠤᠯᠤᠭᠰᠠᠨ ᠬᠠᠲᠠᠭᠤ ᠳᠠᠷᠠᠰᠤ᠂ ᠴᠢᠨᠠᠭᠰᠠᠨ ᠮᠢᠬ᠎ᠠ ᠲᠠᠯᠪᠢᠭᠳᠠᠪᠠ᠃ ᠰᠥᠨᠢ ᠳᠦᠯᠢ ᠪᠡᠷ ᠬᠠᠯᠠᠮᠴᠠᠭᠤᠬᠠᠨ ᠣᠷᠣᠵᠤ ᠢᠷᠡᠭᠰᠡᠨ ᠬᠠᠨ ᠬᠦᠦ ᠬᠥᠶᠦᠭ ᠠᠯᠲᠠᠨ ᠤᠷᠤᠭ ᠤ᠋ᠨ ᠬᠢᠨ ᠦ᠌ ᠳᠣᠲᠣᠷ᠎ᠠ ᠠ᠋ᠴᠠ ᠮᠥᠩᠬᠡ ᠲᠡᠢ ᠨᠡᠩ ᠳᠣᠲᠣᠨᠣ ᠨᠢᠭᠡᠨ᠃ ᠲᠡᠳᠡ ᠥᠪᠡᠷ ᠥᠪᠡᠷ ᠦ᠋ᠨ ᠡᠴᠢᠭᠡ ᠲᠡᠢ ᠴᠦ᠍ ᠨᠢᠭᠡᠨ ᠬᠠᠭᠠᠨ ᠤ᠋ ᠠᠴᠢ ᠬᠦᠦ ᠪᠢᠯᠡ᠃ ᠪᠠᠭ᠎ᠠ ᠨᠠᠰᠤᠨ ᠳ᠋ᠠᠭᠠᠨ ᠡᠷᠭᠦᠭᠰᠡᠨ ᠠᠬ᠎ᠠ ᠳᠡᠭᠦᠦ ᠶ᠋ᠢᠨ ᠠᠨᠳᠠᠭᠠᠢ ᠲᠠᠩᠭᠠᠷᠢᠭ ᠡᠨᠡ ᠬᠣᠶᠠᠷ ᠬᠥᠮᠦᠨ ᠦ᠌ ᠳᠤᠮᠳᠠ ᠪᠣᠢ᠃ ᠬᠣᠵᠢᠮ ᠪᠠᠷᠠᠭᠤᠨ ᠵᠦᠭ ᠲᠦ᠍ ᠬᠢᠭᠰᠡᠨ ᠬᠠᠨ ᠬᠥᠪᠡᠭᠦᠳ ᠦ᠋ᠨ ᠠᠶᠠᠨ ᠲᠡᠢᠨ ᠳ᠋ᠦ᠍ ᠬᠠᠮᠲᠤ ᠣᠷᠣᠯᠴᠠᠨ ᠭᠠᠷᠮᠠᠭᠠᠢ ᠭᠠᠪᠢᠶ᠎ᠠ ᠪᠠᠢᠭᠤᠯᠵᠤ᠂ ᠡᠵᠡᠨᠲᠦ ᠭᠦᠷᠦᠨ ᠦ᠌ ᠵᠠᠬ᠎ᠠ ᠬᠠᠶᠠᠭ᠎ᠠ ᠶ᠋ᠢ ᠲᠡᠯᠡᠵᠦ᠂ ᠡᠪᠦᠭᠡ ᠡᠴᠢᠭᠡ ᠴᠢᠩᠭᠢᠰ ᠬᠠᠭᠠᠨ ᠤ᠋ ᠪᠠᠨ ᠪᠣᠳᠣᠯᠭ᠎ᠠ ᠶ᠋ᠢ ᠦᠷᠭᠦᠯᠵᠢᠯᠡᠭᠦᠯᠦᠭᠰᠡᠨ ᠭᠡᠳᠡᠭ ᠲᠦ᠍ ᠪᠡᠨ ᠪᠠᠬᠠᠷᠬᠠᠯ ᠲᠠᠢ ᠶᠠᠪᠤᠳᠠᠭ ᠪᠥᠯᠥᠭᠡ᠃
ᠰᠥᠨᠢ ᠳᠦᠯᠢ ᠪᠣᠯᠤᠭᠰᠠᠨ ᠪᠠᠢᠨ᠎ᠠ᠂ ᠬᠠᠮᠢᠭ᠎ᠠ ᠨᠢ ᠢᠩᠭᠢᠵᠦ ᠰᠠᠷᠬᠤᠳ ᠳᠠᠭᠠᠯᠠᠭᠠ ᠪᠣᠢ? ᠭᠡᠵᠦ ᠮᠥᠩᠬᠡ ᠶ᠋ᠢ ᠠᠰᠠᠭᠤᠬᠤ ᠳ᠋ᠤ᠌᠂
— ᠬᠠᠲᠤᠨ ᠡᠬᠡ ᠲᠡᠢ ᠠᠭᠤᠯᠵᠠᠵᠤ ᠠᠭᠤᠷ ᠰᠠᠭᠭᠠᠬᠤ ᠲᠤᠯᠠ ᠰᠠᠷᠬᠤᠳ ᠲᠠᠭᠠᠯᠠᠮᠠᠷ ᠰᠠᠨᠠᠭᠳᠠᠨ᠂ ᠰᠥᠨᠢ ᠪᠣᠯᠲᠠᠯ᠎ᠠ ᠵᠤᠭᠠᠴᠠᠯ᠎ᠠ ᠭᠡᠮᠡᠨ ᠠᠵᠢᠭ ᠦᠭᠡᠢ ᠴᠢᠷᠠᠢᠯᠠᠨ ᠬᠡᠯᠡᠬᠦ ᠲᠡᠭᠦᠨ ᠦ᠌ ᠨᠢᠳᠦᠨ ᠳ᠋ᠦ᠍ ᠦᠯᠦ ᠮᠡᠳᠡᠭ ᠴᠢᠢᠯᠡᠭᠡᠨᠡᠬᠦ ᠨᠢᠯᠪᠤᠰᠤ ᠲᠦᠳᠡ ᠤᠳᠠᠯ ᠦᠭᠡᠢ ᠤᠬᠤᠷᠬᠠᠢ ᠤᠷᠤᠭᠤ ᠪᠠᠨ ᠰᠢᠩᠭᠡᠨ ᠣᠷᠣᠯ᠎ᠠ᠃ ᠡᠨᠡ ᠬᠥᠮᠦᠨ ᠬᠠᠲᠤᠨ ᠡᠬᠡ ᠡᠴᠡ ᠪᠡᠨ ᠶᠠᠭᠠᠬᠢᠪᠠᠴᠤ ᠲᠠᠭᠠᠲᠠᠢ ᠦᠭᠡ ᠰᠣᠨᠣᠰᠤᠭ᠎ᠠ ᠦᠭᠡᠢ ᠨᠢ ᠬᠠᠷᠠᠪᠠᠴᠤ ᠢᠯᠡᠳᠲᠡ ᠠᠵᠢ᠃
—ᠨᠢᠭᠡᠨ ᠴᠠᠭ ᠲᠤ᠌ ᠡᠴᠢᠭᠡ ᠮᠢᠨᠢ ᠨᠠᠮᠠᠶ᠋ᠢ ᠡᠷ᠎ᠡ ᠬᠥᠮᠦᠨ ᠰᠢᠭ ᠪᠠᠢᠵᠤ ᠴᠢᠳᠠᠭᠰᠠᠨ ᠦᠭᠡᠢ ᠭᠡᠬᠦ ᠳ᠋ᠦ᠍ ᠢᠴᠢᠬᠦ ᠳ᠋ᠡᠭᠡᠨ ᠬᠠᠭᠠᠨ ᠤ᠋ ᠦᠷᠭᠦᠭᠡᠨ ᠡᠴᠡ ᠭᠠᠷᠤᠭᠠᠳ ᠰᠠᠷᠬᠤᠳ ᠲᠠᠭᠠᠯᠠᠵᠤ ᠪᠠᠢᠭᠰᠠᠨ᠃ ᠬᠠᠷᠢᠨ ᠥᠨᠥᠳᠥᠷ ᠬᠠᠲᠤᠨ ᠡᠬᠡ ᠮᠢᠨᠢ ᠨᠠᠮᠠᠶ᠋ᠢ《ᠬᠠᠭᠠᠨ ᠪᠣᠯᠬᠤ ᠬᠤᠪᠢ ᠦᠭᠡᠢ》 ᠭᠡᠵᠦ ᠬᠡᠯᠡᠭᠰᠡᠨ ᠦ᠌ ᠤᠴᠢᠷ ᠠᠭᠤᠷᠰᠠᠬᠤ ᠳ᠋ᠠᠭᠠᠨ ᠢᠩᠭᠢᠵᠦ ᠰᠠᠷᠬᠤᠳ ᠲᠠᠭᠠᠯᠠᠯᠠ᠃
ᠮᠥᠩᠬᠡ ᠶ᠋ᠢᠨ ᠨᠢᠳᠦᠨ ᠳ᠋ᠦ᠍ ᠲᠩᠷᠢ ᠪᠣᠯᠤᠭᠰᠠᠨ ᠥᠭᠡᠳᠡᠢ ᠬᠠᠭᠠᠨ ᠦᠵᠡᠭᠳᠡᠬᠦ ᠰᠢᠭ ᠪᠣᠯᠪᠠ᠃ ᠬᠥᠶᠦᠭ ᠰᠢᠭ ᠪᠠᠭ᠎ᠠ ᠪᠠᠭ᠎ᠠ ᠪᠠᠷ ᠰᠠᠷᠬᠤᠳ ᠳᠠᠭᠠᠯᠠᠭᠰᠠᠭᠠᠷ᠂ ᠠᠭᠠᠵᠢᠮ ᠳ᠋ᠠᠭᠠᠨ ᠤᠯᠠᠮ ᠳᠤᠷᠠᠯᠠᠬᠤ ᠪᠣᠯᠤᠭᠰᠠᠨ ᠨᠢ ᠰᠠᠨᠠᠭᠠᠨ ᠳ᠋ᠤ᠌ ᠣᠷᠣᠪᠠ᠃ ᠬᠥᠶᠦᠭ ᠡᠴᠢᠭᠡ ᠶ᠋ᠢ ᠪᠡᠨ ᠪᠣᠳᠣᠪᠠᠯ ᠥᠨᠳᠥᠷ ᠨᠢᠷᠤᠭᠤ ᠲᠠᠢ᠂ ᠬᠠᠩᠬᠠᠷ ᠴᠢᠭᠢᠷᠠᠭ ᠪᠡᠶ᠎ᠡ ᠲᠡᠢ ᠨᠢᠭᠡᠨ ᠴᠦ᠍ ᠡᠨᠡ ᠤᠳᠠᠭ᠎ᠠ ᠳ᠋ᠤ᠌ ᠶᠠᠭᠠᠬᠢᠭᠠᠳ ᠴᠤ᠌ ᠶᠤᠮ ᠪᠣᠢ ᠮᠥᠩᠬᠡ ᠶ᠋ᠢᠨ ᠨᠢᠳᠦᠨ ᠳ᠋ᠦ᠍ ᠡᠴᠢᠭᠡ ᠬᠠᠭᠠᠨ ᠲᠠᠢ ᠪᠠᠨ ᠲᠤᠩ ᠴᠤ᠌ ᠢᠵᠢᠯᠬᠡᠨ ᠬᠠᠷᠠᠭᠳᠠᠯ᠎ᠠ᠃
— ᠠᠮᠠᠨ ᠳ᠋ᠤ᠌ ᠣᠷᠣᠬᠤ ᠳ᠋ᠠᠭᠠᠨ ᠠᠯᠲᠠᠨ ᠮᠥᠩᠭᠥᠨ ᠵᠢᠷᠠᠭᠠᠬᠠᠢ᠂ ᠠᠮᠠᠨ ᠠ᠋ᠴᠠ ᠭᠠᠷᠬᠤ ᠳ᠋ᠠᠭᠠᠨ ᠠᠷᠰᠯᠠᠨ ᠵᠠᠭᠠᠨ ᠯᠤᠭ᠎ᠠ ᠠᠳᠠᠯᠢ ᠭᠡᠵᠦ ᠪᠣᠷᠣ ᠳᠠᠷᠠᠰᠤ ᠶ᠋ᠢ ᠬᠡᠯᠡᠳᠡᠭ ᠨᠢ ᠦᠨᠡᠨ ᠦᠭᠡ ᠰᠢᠦ ᠬᠡᠮᠡᠬᠦ ᠳ᠋ᠦ᠍ ᠬᠥᠶᠦᠭ ᠮᠥᠩᠬᠡ ᠶ᠋ᠢᠨ ᠦᠭᠡ ᠶ᠋ᠢ ᠲᠠᠰᠤᠯᠤᠨ᠂
— ᠪᠢ ᠴᠢᠮ᠎ᠠ ᠳ᠋ᠤ᠌ ᠠᠲᠠᠭᠠᠷᠬᠠᠬᠤ ᠶᠤᠮ ᠭᠡᠵᠦ ᠴᠢᠩᠭ᠎ᠠ ᠳᠠᠭᠤ ᠪᠠᠷ ᠬᠡᠯᠡᠯ᠎ᠡ᠃ ᠬᠠᠯᠠᠮᠴᠠᠭᠤ ᠳ᠋ᠠᠭᠠᠨ ᠬᠡᠯᠡᠵᠦ ᠪᠠᠢᠭ᠎ᠠ ᠴᠤ᠌ ᠰᠡᠳᠬᠢᠯ ᠦ᠋ᠨ ᠤᠭ ᠠ᠋ᠴᠠ ᠥᠭᠦᠯᠡᠵᠦ ᠪᠣᠢ ᠨᠢ ᠳᠠᠭᠤᠨ ᠤ᠋ ᠬᠢᠨᠢ ᠥᠩᠭᠡᠨ ᠡᠴᠡ ᠲᠣᠳᠣᠬᠠᠨ᠃
— ᠶᠠᠭᠤᠨ ᠳ᠋ᠤ᠌ ᠲᠡᠭᠡᠲᠡᠯ᠎ᠡ ᠠᠲᠠᠭᠠᠷᠬᠠᠳᠠᠭ ᠪᠢᠯᠡ? ᠬᠠᠷᠢᠨ ᠴᠤ᠌ ᠴᠢ ᠠᠲᠠᠭᠠᠷᠬᠠᠮᠠᠷ ᠪᠤᠰᠤ ᠤᠤ? ᠡᠴᠢᠭᠡ ᠬᠠᠭᠠᠨ ᠴᠢᠨᠢ ᠠᠮᠢᠳᠤ ᠰᠡᠷᠡᠭᠦᠨ ᠪᠠᠢᠵᠤ᠂ ᠡᠷ᠎ᠡ ᠶ᠋ᠢᠨ ᠴᠡᠭᠡᠯ ᠳ᠋ᠦ᠍ ᠬᠦᠷᠬᠦ ᠶ᠋ᠢ ᠴᠢᠨᠢ ᠨᠢᠳᠦ ᠪᠡᠷ ᠦᠵᠡᠵᠦ᠂ ᠴᠢ ᠬᠠᠨ ᠬᠦᠦ ᠶ᠋ᠢᠨ ᠨᠡᠷ᠎ᠡ ᠠᠯᠳᠠᠷ ᠢ᠋ᠶ᠋ᠠᠨ ᠳᠠᠭᠤᠳᠠᠭᠤᠯᠤᠨ᠂ ᠬᠦᠨᠳᠦ ᠲᠡᠢ ᠭᠠᠪᠢᠶ᠎ᠠ ᠣᠯᠠᠨ ᠢ᠋ ᠪᠠᠢᠭᠤᠯᠤᠭᠰᠠᠨ ᠠᠲᠠᠯ᠎ᠠ ᠨᠠᠳᠠ ᠳ᠋ᠤ᠌ ᠶᠠᠭᠤᠨ ᠳ᠋ᠤ᠌ ᠠᠲᠠᠭᠠᠷᠬᠠᠨ ᠶᠠᠪᠤᠳᠠᠭ ᠪᠢᠯᠡ᠃ ᠰᠡᠳᠬᠢᠯ ᠳᠣᠲᠣᠷᠠᠬᠢ ᠦᠨᠡᠨ ᠢ᠋ᠶ᠋ᠡᠨ ᠬᠠᠷ᠎ᠠ ᠬᠣᠣᠷ ᠦᠭᠡᠢ ᠪᠡᠷ ᠨᠢᠭᠤᠯ ᠦᠭᠡᠢ ᠬᠡᠯᠡᠵᠦ ᠪᠠᠢᠭ᠎ᠠ ᠭᠦᠶᠦᠭ ᠦ᠋ᠨ ᠡᠨᠡ ᠦᠭᠡ ᠲᠡᠭᠦᠨ ᠡᠴᠡ ᠵᠥᠪᠬᠡᠨ ᠰᠣᠭᠲᠣᠭᠤ ᠳ᠋ᠠᠭᠠᠨ ᠭᠠᠷᠤᠭᠰᠠᠨ ᠦᠭᠡ ᠪᠢᠰᠢ ᠪᠣᠯᠤᠯᠲᠠᠢ᠃
— ᠴᠢ ᠪᠢᠳᠡ ᠬᠣᠶᠠᠭᠤᠯᠠ ᠪᠠᠨ ᠬᠣᠶᠠᠷ ᠡᠬᠡ ᠶ᠋ᠢᠨ ᠬᠡᠪᠡᠯᠢ ᠡᠴᠡ ᠤᠨᠠᠭᠰᠠᠨ ᠡᠭᠡᠯ ᠪᠡᠶᠡᠲᠦ ᠬᠥᠮᠦᠰ ᠠᠲᠠᠯ᠎ᠠ ᠴᠢ ᠡᠬᠡ ᠶ᠋ᠢᠨ ᠬᠠᠢᠷ᠎ᠠ ᠶ᠋ᠢ ᠬᠠᠨᠲᠠᠯ᠎ᠠ ᠬᠦᠷᠲᠡᠵᠦ᠂ ᠬᠠᠷᠢᠨ ᠪᠢ ᠡᠬᠡ ᠶ᠋ᠢᠨ ᠬᠠᠢᠷ᠎ᠠ ᠶ᠋ᠢ ᠬᠠᠢᠨ ᠬᠦᠰᠡᠮᠵᠢᠯᠡᠵᠦ ᠥᠰᠴᠡᠢ ᠭᠡᠪᠡ᠃ ᠲᠡᠷᠡ ᠥᠪᠡᠷ ᠦ᠋ᠨ ᠡᠬᠡ ᠲᠡᠢ ᠪᠡᠨ ᠦᠭᠡ ᠵᠥᠷᠢᠭᠰᠡᠨ ᠦ᠌ ᠤᠯᠠᠮ ᠠ᠋ᠴᠠ ᠰᠡᠳᠬᠢᠯ ᠳᠣᠲᠣᠷ᠎ᠠ ᠨᠢ ᠪᠣᠳᠣᠨ ᠪᠠᠶ᠋ᠢᠬᠰᠠᠨ ᠡᠷᠲᠡᠨ ᠦ᠌ ᠭᠣᠮᠣᠳᠠᠯ ᠢᠩᠭᠢᠵᠦ ᠰᠡᠲᠡᠷᠡᠭᠰᠡᠨ ᠬᠡᠷᠡᠭ ᠪᠠᠢᠪᠠ᠃ ᠬᠥᠶᠦᠭ ᠦᠷᠭᠦᠯᠵᠢᠯᠡᠭᠦᠯᠦᠨ᠂
— ᠭᠡᠪᠡᠴᠦ ᠪᠢ ᠡᠨᠡ ᠦᠭᠡᠨ ᠳ᠋ᠦ᠍ ᠭᠣᠮᠣᠳᠠᠭᠰᠠᠨ ᠬᠡᠷᠡᠭ ᠪᠢᠰᠢ᠂ ᠬᠠᠷᠢᠨ ᠬᠠᠲᠤᠨ ᠡᠬᠡ ᠶ᠋ᠢᠨ ᠢ᠋ᠶ᠋ᠡᠨ ᠶᠠᠭᠤ ᠰᠡᠳᠦᠭᠡᠳ ᠪᠠᠢᠭ᠎ᠠ ᠶ᠋ᠢ ᠤᠬᠠᠵᠤ ᠣᠢᠯᠠᠭᠠᠬᠤ ᠦᠭᠡᠢ ᠪᠠᠢᠨ᠎ᠠ ᠭᠡᠵᠦ ᠨᠡᠮᠡᠵᠦ ᠬᠡᠯᠡᠪᠡ᠃ ᠮᠥᠩᠬᠡ ᠴᠦ᠍ ᠭᠦᠶᠦᠭ ᠦ᠋ᠨ ᠠᠳᠠᠯᠢ ᠳᠦᠷᠭᠡᠨ᠎ᠠ ᠬᠠᠲᠤᠨ ᠤ᠋ ᠶᠠᠭᠤ ᠰᠠᠳᠤᠨ ᠪᠠᠢᠭ᠎ᠠ ᠶ᠋ᠢ ᠣᠢᠯᠠᠭᠠᠬᠤ ᠦᠭᠡᠢ ᠪᠠᠢᠭᠰᠠᠨ ᠲᠤᠯᠠ ᠬᠡᠰᠡᠭ ᠴᠢᠮᠡᠭᠡ ᠦᠭᠡᠢ ᠰᠠᠭᠤᠵᠠᠭᠠᠯ᠎ᠠ᠃ ᠥᠩᠭᠡᠨ ᠳᠡᠭᠡᠷ᠎ᠡ ᠪᠡᠨ ᠡᠬᠡ ᠳ᠋ᠡᠭᠡᠨ ᠭᠣᠮᠣᠳᠠᠭᠰᠠᠨ ᠬᠠᠨ ᠬᠦᠦ ᠳᠣᠲᠣᠷ᠎ᠠ ᠪᠠᠨ ᠪᠣᠯ ᠬᠠᠲᠤᠨ ᠡᠬᠡ ᠶ᠋ᠢᠨ ᠰᠠᠨᠠᠭ᠎ᠠ ᠶ᠋ᠢ ᠮᠡᠳᠡᠬᠦ ᠦᠭᠡᠢ ᠳ᠋ᠡᠭᠡᠨ ᠪᠤᠬᠢᠨᠢᠳᠤᠵᠤ ᠪᠠᠢᠯ᠎ᠠ᠃
ᠭᠦᠶᠦᠭ ᠦᠨᠡᠨ ᠳ᠋ᠡᠭᠡᠨ ᠡᠬᠡ ᠶ᠋ᠢᠨ ᠬᠠᠢᠷ᠎ᠠ ᠪᠠᠷ ᠳᠤᠲᠠᠭᠤ ᠥᠰᠦᠭᠰᠡᠨ ᠭᠡᠵᠦ ᠥᠪᠡᠷ ᠢ᠋ ᠪᠡᠨ ᠪᠣᠳᠣᠵᠤ ᠶᠠᠪᠤᠳᠠᠭ ᠨᠢ ᠠᠷᠭ᠎ᠠ ᠦᠭᠡᠢ ᠦᠨᠡᠨ ᠦᠭᠡ ᠪᠢᠵᠡ᠃ ᠬᠥᠨᠵᠢᠯᠡ ᠳ᠋ᠡᠭᠡᠨ ᠣᠷᠣᠬᠤ ᠵᠠᠪ ᠦᠭᠡᠢ ᠳᠠᠢᠳᠤᠨ ᠶᠠᠪᠤᠭᠰᠠᠨ ᠬᠠᠭᠠᠨ ᠡᠵᠡᠨ ᠦ᠌ ᠡᠵᠡᠯᠡᠨ ᠲᠦᠷᠢᠮᠡᠬᠡᠢᠯᠡᠯᠲᠡ ᠬᠥᠶᠦᠭ ᠢ᠋ ᠬᠠᠲᠤᠨ ᠡᠬᠡ ᠡᠴᠡ ᠪᠡᠨ ᠬᠣᠯᠠ ᠥᠰᠬᠦ ᠳ᠋ᠦ᠍ ᠬᠦᠷᠭᠡᠭᠰᠡᠨ ᠴᠦ᠍ ᠪᠠᠢᠵᠤ ᠪᠣᠯᠬᠤ ᠶᠤᠮ᠃ ᠬᠥᠶᠦᠭ ᠢ᠋ ᠲᠥᠷᠥᠭᠰᠡᠨ ᠳᠠᠷᠤᠢ ᠳ᠋ᠤ᠌ ᠬᠥᠬᠥᠭᠦᠯ ᠡᠬᠡ ᠶ᠋ᠢᠨ ᠭᠠᠷ ᠳᠡᠭᠡᠷ᠎ᠡ ᠦᠯᠡᠳᠡᠭᠡᠨ᠂ ᠡᠷ᠎ᠡ ᠨᠥᠬᠥᠷ ᠢ᠋ᠶ᠋ᠡᠨ ᠳᠠᠭᠠᠨ ᠠᠶᠠᠨ ᠲᠡᠢᠨ ᠳ᠋ᠦ᠍ ᠶᠠᠪᠤᠭᠠᠳ ᠬᠡᠳᠦᠨ ᠵᠢᠯ ᠦ᠋ᠨ ᠳᠠᠷᠠᠭ᠎ᠠ ᠢᠷᠡᠬᠦ ᠳ᠋ᠦ᠍ ᠬᠦᠦ ᠨᠢ ᠥᠰᠴᠦ ᠲᠣᠮᠣ ᠪᠣᠯᠤᠭᠰᠠᠨ ᠪᠠᠢᠭᠰᠠᠨ ᠲᠤᠯᠠ ᠡᠬᠡ ᠬᠦᠦ ᠬᠣᠶᠠᠷ ᠤ᠋ᠨ ᠳᠤᠮᠳᠠ ᠲᠡᠳᠦᠢ ᠯᠡ ᠣᠢᠷ᠎ᠠ ᠳᠣᠲᠣᠨᠣ ᠪᠠᠢᠬᠤ ᠴᠠᠭ ᠬᠤᠭᠤᠴᠠᠭ᠎ᠠ ᠪᠠᠢᠭ᠎ᠠ ᠦᠭᠡᠢ ᠶ᠋ᠢᠨ ᠳᠡᠭᠡᠷ᠎ᠡ᠂ ᠬᠡᠳᠦᠢ ᠬᠠᠮᠲᠤ ᠪᠠᠢᠭᠰᠠᠨ ᠴᠤ ᠡᠳᠦᠷ ᠡᠴᠡ ᠡᠳᠦᠷ ᠠᠯᠤᠰᠷᠠᠭᠰᠠᠭᠠᠷ ᠪᠠᠢᠭᠰᠠᠨ ᠡᠬᠡ ᠦᠷ᠎ᠡ ᠬᠣᠶᠠᠷ ᠤ᠋ᠨ ᠬᠠᠷᠢᠴᠠᠭ᠎ᠠ ᠨᠢᠭᠡ ᠯᠡ ᠮᠡᠳᠡᠬᠦ ᠳ᠋ᠦ᠍ ᠪᠡᠶ᠎ᠡ ᠪᠠᠶᠠᠨ ᠢ᠋ᠶ᠋ᠠᠨ ᠦᠯᠦ ᠣᠢᠯᠠᠭᠠᠯᠴᠠᠬᠤ ᠳ᠋ᠤ᠌ ᠬᠦᠷᠭᠡᠵᠡᠢ᠃
ᠰᠤᠷᠬᠠᠭᠲᠠᠨᠢ ᠬᠠᠲᠤᠨ ᠤ᠋ ᠬᠤᠪᠢ ᠳ᠋ᠤ᠌ ᠬᠥᠬᠡ ᠮᠣᠩᠭᠣᠯ ᠬᠥᠨᠵᠢᠯᠡ ᠳ᠋ᠡᠭᠡᠨ ᠣᠷᠣᠬᠤ ᠵᠠᠪ ᠦᠭᠡᠢ ᠳᠠᠢᠳᠤᠨ ᠶᠠᠪᠤᠬᠤ ᠲᠡᠷᠡ ᠴᠠᠭ ᠲᠤ᠌ ᠡᠷ᠎ᠡ ᠨᠥᠬᠥᠷ ᠢ᠋ᠶ᠋ᠡᠨ ᠳ᠋ᠡᠭᠡᠨ ᠲᠡᠢᠨ ᠳ᠋ᠦ᠍ ᠮᠣᠷᠳᠠᠵᠤ᠂ ᠦᠷ᠎ᠡ ᠬᠡᠦᠬᠡᠳ ᠢ᠋ᠶ᠋ᠡᠨ ᠠᠰᠠᠷᠠᠭᠴᠢ ᠡᠬᠡ ᠶ᠋ᠢᠨ ᠭᠠᠷ ᠬᠠᠷᠠᠭᠤᠯᠤᠯ ᠦᠭᠡᠢ ᠥᠰᠬᠡᠭᠰᠡᠨ ᠨᠢ ᠦᠨᠡᠨ᠃ ᠲᠡᠷᠡ ᠬᠥᠬᠥᠭᠦᠯ ᠡᠬᠡ ᠴᠦ᠍ ᠠᠪᠤᠯ ᠦᠭᠡᠢ ᠪᠡᠷ ᠥᠪᠡᠷ ᠦ᠋ᠨ ᠬᠥᠬᠥ ᠶ᠋ᠢ ᠬᠥᠬᠥᠭᠦᠯᠵᠦ᠂ ᠥᠪᠡᠷ ᠦ᠋ᠨ ᠭᠠᠷ ᠢ᠋ᠶ᠋ᠠᠷ ᠬᠡᠦᠬᠡᠳ ᠦ᠋ᠳ ᠢ᠋ᠶ᠋ᠡᠨ ᠥᠰᠬᠡᠨ᠎ᠡ ᠭᠡᠮᠡᠨ ᠰᠡᠳᠬᠢᠳᠡᠭ ᠪᠠᠢᠭᠰᠠᠨ ᠲᠤᠯᠠ ᠶᠡᠬᠡᠰ ᠳᠡᠭᠡᠳᠦᠰ ᠦ᠋ᠨ ᠳᠤᠮᠳᠠ ᠤᠯᠠᠮᠵᠢᠯᠠᠭᠳᠠᠨ ᠢᠷᠡᠭᠰᠡᠨ ᠬᠥᠬᠥᠭᠦᠯ ᠡᠬᠡ ᠬᠢᠭᠡᠳ ᠠᠰᠠᠷᠠᠨ ᠬᠥᠮᠦᠵᠢᠭᠦᠯᠦᠭᠴᠢ ᠶ᠋ᠢ ᠲᠤᠯᠤᠢ ᠶ᠋ᠢᠨ ᠭᠡᠷ ᠤᠷᠤᠭᠤ ᠶᠠᠪᠤᠭᠤᠯᠬᠤ ᠬᠡᠷᠡᠭ ᠪᠥᠷᠲᠡ ᠬᠠᠲᠤᠨ ᠡᠬᠡ ᠬᠢᠭᠡᠳ ᠥᠭᠡᠯᠦᠨ ᠡᠬᠡ ᠳ᠋ᠦ᠍ ᠲᠤᠯᠭᠠᠷᠠᠵᠤ ᠪᠠᠢᠭᠰᠠᠨ ᠦᠭᠡᠢ᠃ ᠬᠡᠳᠦᠢ ᠰᠣᠷᠬᠠᠭᠲᠠᠨᠢ᠂ ᠳᠦᠷᠭᠡᠨ᠎ᠡ ᠬᠣᠶᠠᠭᠤᠯᠠ ᠡᠵᠡᠨ ᠬᠠᠭᠠᠨ ᠤ᠋ ᠪᠡᠷᠢ᠂ ᠡᠬᠡ ᠬᠠᠲᠤᠳ ᠬᠡᠳᠦᠢ ᠴᠦ᠍ ᠡᠨᠡ ᠬᠣᠶᠠᠷ ᠡᠬᠡ ᠶ᠋ᠢᠨ ᠮᠥᠨ ᠴᠢᠨᠠᠷ ᠥᠨᠥ ᠦᠷ᠎ᠡ ᠬᠡᠦᠬᠡᠳ ᠦ᠋ᠳ ᠢ᠋ ᠨᠢ ᠢᠩᠭᠢᠵᠦ ᠠᠭᠤᠯᠵᠠᠭᠤᠯᠬᠤ ᠳ᠋ᠤ᠌ ᠬᠦᠷᠭᠡᠬᠦ ᠶᠦᠮ ᠭᠡᠵᠦ ᠬᠡᠨ ᠰᠠᠨᠠᠬᠤ ᠪᠢᠯᠡ᠃
ᠬᠡᠳᠦᠢ ᠲᠣᠮᠣ ᠡᠷ᠎ᠡ ᠪᠣᠯᠤᠭᠰᠠᠨ ᠴᠤ ᠬᠥᠮᠦᠨ ᠦ᠌ ᠯᠡ ᠦᠷ᠎ᠡ ᠶᠦᠮ ᠪᠣᠯᠬᠣᠷ ᠡᠬᠡ ᠶ᠋ᠢᠨ ᠬᠠᠢᠷ᠎ᠠ ᠶ᠋ᠢ ᠬᠦᠰᠡᠮᠵᠢᠯᠡᠬᠦ ᠬᠥᠶᠦᠭ ᠢᠩᠭᠢᠵᠦ ᠮᠥᠩᠬᠡ ᠶ᠋ᠢᠨ ᠦᠷᠭᠦᠭᠡᠨ ᠳ᠋ᠦ᠍
ᠠᠭᠤᠷᠰᠠᠬᠤ ᠴᠤ ᠪᠢᠰᠢ᠂ ᠭᠣᠮᠣᠳᠠᠬᠤ ᠴᠤ ᠪᠢᠰᠢ ᠰᠠᠭᠤᠵᠤ ᠪᠠᠢᠬᠤ ᠳ᠋ᠤ᠌ ᠳᠦᠷᠭᠡᠨ᠎ᠡ ᠬᠠᠲᠤᠨ ᠦᠷᠭᠦᠭᠡᠨ ᠳ᠋ᠡᠭᠡᠨ ᠭᠠᠭᠴᠠᠭᠠᠷ ᠪᠣᠳᠣᠯ ᠳ᠋ᠤ᠌ ᠠᠪᠲᠠᠨ ᠪᠠᠢᠯ᠎ᠠ᠃ ᠥᠨᠥ ᠬᠢᠷᠢ ᠤᠬᠠᠭᠠᠨ ᠰᠠᠭᠤᠵᠤ ᠭᠦᠢᠴᠡᠭᠡ ᠦᠭᠡᠢ ᠮᠡᠲᠦ ᠰᠠᠨᠠᠭᠳᠠᠬᠤ ᠬᠦᠦ ᠶ᠋ᠢᠨ ᠢ᠋ᠶ᠋ᠡᠨ ᠲᠤᠬᠠᠢ《ᠪᠡᠶ᠎ᠡ ᠶ᠋ᠢ ᠨᠢ ᠲᠥᠷᠥᠭᠦᠯᠬᠦ ᠡᠴᠡ᠂ ᠰᠡᠳᠬᠢᠯ ᠢ᠋ ᠨᠢ ᠲᠥᠷᠥᠭᠦᠯᠬᠦ ᠦᠭᠡᠢ ᠭᠡᠵᠦ ᠶᠠᠷᠢᠳᠠᠭ ᠦᠨᠡᠨ ᠪᠣᠯᠤᠯᠲᠠᠢ》 ᠭᠡᠮᠡᠨ ᠪᠣᠳᠣᠪᠠ᠃ ᠬᠡᠳᠦᠬᠡᠨ ᠴᠠᠭ ᠤ᠋ᠨ ᠡᠮᠦᠨ᠎ᠡ ᠡᠨᠡ ᠦᠷᠭᠦᠭᠡᠨ ᠳ᠋ᠦ᠍ ᠬᠦᠦ ᠬᠥᠶᠦᠭ ᠨᠢ ᠶᠡᠬᠡᠳᠡ ᠠᠭᠤᠷᠰᠠᠨ ᠪᠠᠢᠭᠰᠠᠨ ᠪᠢᠯᠡ᠃ ᠴᠣᠬᠣᠮ ᠳ᠋ᠠᠭᠠᠨ ᠪᠣᠯ ᠬᠥᠶᠦᠭ᠂ ᠬᠠᠲᠤᠨ ᠡᠬᠡ ᠳ᠋ᠡᠭᠡᠨ ᠪᠠᠷᠠᠯᠬᠠᠬᠤ ᠪᠠᠷ ᠣᠷᠣᠵᠤ ᠢᠷᠡᠬᠦ ᠳ᠋ᠡᠭᠡᠨ ᠥᠪᠡᠷ ᠦ᠋ᠨ ᠪᠣᠳᠣᠯ ᠰᠠᠨᠠᠭ᠎ᠠ ᠶ᠋ᠢ ᠥᠭᠦᠯᠡᠬᠦ ᠰᠠᠨᠠᠭ᠎ᠠ ᠲᠠᠢ ᠪᠠᠢᠵᠠᠢ᠃
— ᠡᠴᠢᠭᠡ ᠬᠠᠭᠠᠨ ᠮᠥᠩᠬᠡ ᠲᠩᠷᠢ ᠳ᠋ᠡᠭᠡᠨ ᠣᠲᠣᠭᠠᠳ ᠬᠡᠳᠦᠨ ᠵᠢᠯ ᠪᠣᠯᠤᠯ᠎ᠠ᠃ ᠬᠠᠲᠤᠨ ᠡᠬᠡ ᠲᠠ ᠣᠢᠷ᠎ᠠ ᠬᠣᠯᠠ ᠶ᠋ᠢ ᠡᠷᠭᠢᠴᠡᠭᠦᠯᠦᠨ ᠪᠣᠳᠣᠵᠤ᠂ ᠳᠠᠷᠠᠭ᠎ᠠ ᠶ᠋ᠢᠨ ᠬᠠᠭᠠᠨ ᠣᠷᠣ ᠵᠠᠯᠭᠠᠬᠤ ᠬᠥᠮᠦᠨ ᠢ᠋ ᠰᠣᠩᠭᠣᠬᠤ ᠴᠠᠭ ᠪᠣᠯᠤᠭᠰᠠᠨ ᠪᠢᠰᠢ ᠤᠤ ᠭᠡᠮᠡᠨ ᠬᠡᠯᠡᠭᠰᠡᠨ ᠦᠭᠡ ᠳᠦᠷᠭᠡᠨ᠎ᠡ ᠬᠠᠲᠤᠨ ᠳ᠋ᠤ᠌《ᠨᠠᠮᠠᠶ᠋ᠢ ᠬᠠᠭᠠᠨ ᠪᠣᠯᠭ᠎ᠠ》 ᠭᠡᠵᠦ ᠬᠡᠯᠡᠵᠦ ᠪᠠᠢᠭ᠎ᠠ ᠲᠠᠢ ᠠᠳᠠᠯᠢ ᠤᠳᠬ᠎ᠠ ᠲᠠᠢ ᠰᠣᠨᠣᠰᠤᠭᠳᠠᠵᠠᠢ᠃ ᠬᠥᠶᠦᠭ ᠢ᠋ ᠣᠷᠣᠵᠤ ᠢᠷᠡᠬᠦ ᠡᠴᠡ ᠡᠮᠦᠨ᠎ᠡ ᠲᠡᠷᠡ ᠪᠡᠷ ᠮᠠᠬᠠᠮᠥ᠋ᠳ᠋ ᠶᠠᠯᠠᠸᠠᠴᠢ ᠶ᠋ᠢ ᠨᠢᠭᠤᠵᠤ ᠪᠠᠢᠭ᠎ᠠ ᠭᠤᠳᠠᠨ ᠬᠦᠦ ᠪᠡᠨ ᠬᠡᠷᠬᠢᠨ ᠠᠷᠭᠠᠳᠠᠬᠤ ᠲᠤᠬᠠᠢ ᠪᠣᠳᠣᠯ ᠪᠣᠯᠤᠨ ᠲᠣᠯᠣᠭᠠᠢ ᠪᠠᠨ ᠭᠠᠰᠢᠯᠭᠠᠨ ᠪᠠᠢᠭᠰᠠᠨ ᠪᠢᠯᠡ᠃ ᠳᠦᠷᠭᠡᠨ᠎ᠡ ᠶᠡᠬᠡ ᠬᠠᠲᠤᠨ ᠲᠥᠷᠥ ᠶ᠋ᠢᠨ ᠡᠷᠬᠡ ᠶ᠋ᠢ ᠠᠪᠤᠭᠰᠠᠨ ᠨᠢ ᠲᠥᠷᠥᠭᠰᠡᠨ ᠬᠦᠦ ᠭᠤᠳᠠᠨ ᠳ᠋ᠤ᠌ ᠬᠦᠷᠲᠡᠯ᠎ᠡ ᠳᠠᠭ᠎ᠠ ᠲᠠᠢ ᠰᠠᠨᠠᠭᠳᠠᠬᠤ ᠦᠭᠡᠢ ᠪᠡᠷ ᠪᠠᠷᠠᠬᠤ ᠦᠭᠡᠢ᠂ ᠬᠢᠵᠦ ᠪᠠᠢᠭ᠎ᠠ ᠠᠵᠢᠯ᠂ ᠬᠡᠷᠡᠭᠵᠢᠭᠦᠯᠵᠦ ᠪᠠᠢᠭ᠎ᠠ ᠪᠣᠳᠣᠯᠭ᠎ᠠ ᠶ᠋ᠢ ᠨᠢ ᠡᠰᠡᠷᠭᠦᠴᠡᠵᠦ ᠪᠠᠢᠨ᠎ᠠ ᠭᠡᠵᠦ ᠪᠤᠳᠤᠭᠳᠠᠬᠤᠢ ᠳ᠋ᠤ᠌ ᠴᠢᠬᠤᠯ ᠨᠢ ᠬᠥᠳᠡᠯᠦᠨ ᠪᠠᠢᠲᠠᠯ᠎ᠠ ᠬᠥᠶᠦᠭ ᠦ᠋ᠨ ᠡᠢᠮᠦ ᠦᠭᠡ ᠬᠡᠯᠡᠭᠰᠡᠨ ᠨᠢ ᠬᠠᠲᠤᠨ ᠤ᠋ ᠠᠭᠤᠷ ᠢ᠋ ᠳᠡᠪᠡᠷᠡᠭᠡᠵᠡᠢ᠃ ᠭᠦᠶᠦᠭ ᠡᠬᠡ ᠶ᠋ᠢᠨ ᠡᠮᠦᠨ᠎ᠡ ᠬᠡᠳᠦᠨ ᠦᠭᠡ ᠬᠡᠯᠡᠭᠰᠡᠨ ᠦ᠌ ᠪᠡᠨ ᠲᠥᠯᠥᠭᠡ ᠬᠢᠯᠢᠩ ᠢ᠋ ᠨᠢ ᠲᠥᠷᠥᠭᠦᠯᠵᠦ᠂ ᠲᠡᠷᠡ ᠴᠦ᠍ ᠪᠦᠦ ᠬᠡᠯᠡ᠂
— ᠬᠠᠭᠠᠨᠲᠤ ᠲᠥᠷᠥ ᠳ᠋ᠦ᠍ ᠴᠢ ᠪᠦᠦ ᠰᠠᠨᠠᠭᠠᠷᠬ᠎ᠠ᠃ ᠴᠢ ᠬᠠᠭᠠᠨ ᠪᠣᠯᠬᠤ ᠬᠤᠪᠢ ᠦᠭᠡᠢ ᠭᠡᠰᠡᠨ ᠦᠭᠡ ᠶ᠋ᠢ ᠬᠡᠯᠡᠬᠦ ᠳ᠋ᠦ᠍ ᠬᠦᠷᠭᠡᠭᠰᠡᠨ ᠴᠠᠭᠠᠳᠤ ᠰᠢᠯᠲᠠᠭᠠᠨ ᠨᠢ ᠬᠥᠶᠦᠭ ᠲᠦ᠍ ᠪᠠᠢᠭ᠎ᠠ ᠦᠭᠡᠢ ᠭᠡᠳᠡᠭ ᠢ᠋ ᠲᠡᠷᠡ ᠶᠠᠭᠠᠬᠢᠨ ᠮᠡᠳᠡᠬᠦ ᠪᠢᠯᠡ᠃
ᠳᠦᠷᠭᠡᠨ᠎ᠡ ᠬᠠᠲᠤᠨ ᠤ᠋ ᠤᠬᠠᠭᠠᠨ ᠪᠣᠳᠣᠯ ᠳ᠋ᠤ᠌ ᠬᠢᠷᠢ ᠡᠴᠡ ᠬᠡᠲᠦᠷᠡᠭᠰᠡᠨ ᠶᠡᠬᠡ ᠠᠵᠢᠯ ᠡᠵᠡᠨᠲᠦ ᠭᠦᠷᠦᠨ ᠦ᠌ ᠡᠮᠦᠨ᠎ᠡ ᠡᠴᠡ ᠭᠠᠷᠭᠠᠬᠤ ᠬᠦᠨᠳᠦᠬᠡᠨ ᠰᠢᠢᠳᠪᠦᠷᠢ ᠨᠦ᠍ᠭᠦᠳ ᠡᠭᠡᠯᠵᠢᠯᠡᠨ ᠪᠠᠢᠬᠤ ᠳ᠋ᠤ᠌ ᠲᠡᠭᠦᠨ ᠦ᠌ ᠬᠠᠮᠤᠭ ᠤ᠋ᠨ ᠣᠢᠷ᠎ᠠ ᠶ᠋ᠢᠨ ᠬᠥᠮᠦᠰ ᠪᠣᠯᠬᠤ᠂ ᠬᠠᠢᠷᠠᠲᠠᠢ ᠬᠡᠦᠬᠡᠳ ᠦ᠋ᠳ ᠨᠢ ᠳᠡᠷᠭᠡᠳᠡ ᠪᠠᠢᠬᠤ ᠶ᠋ᠢᠨ ᠣᠷᠣᠨ ᠳ᠋ᠤ᠌ ᠬᠠᠷᠢ ᠡᠯᠢᠭᠡ ᠶ᠋ᠢᠨ ᠬᠥᠮᠦᠰ ᠬᠠᠮᠤᠭ ᠠᠵᠢᠯ ᠢ᠋ ᠭᠦᠢᠴᠡᠳᠬᠡᠨ ᠪᠠᠢᠭ᠎ᠠ ᠳ᠋ᠤ᠌ ᠰᠡᠳᠬᠢᠯ ᠳᠣᠲᠣᠷ᠎ᠠ ᠪᠠᠨ ᠭᠣᠮᠣᠳᠠᠯ ᠲᠠᠢ ᠪᠠᠢᠪᠠ᠃ ᠲᠥᠷᠥᠭᠦᠯᠦᠭᠰᠡᠨ ᠬᠡᠦᠬᠡᠳ ᠦ᠋ᠳ ᠨᠢ ᠬᠦᠷᠲᠡᠯ᠎ᠡ ᠥᠪᠡᠷ ᠡᠴᠡ ᠨᠢ ᠤᠷᠪᠠᠵᠤ ᠣᠳᠤᠭᠰᠠᠨ ᠮᠡᠲᠦ ᠬᠦᠨᠳᠦᠬᠡᠨ ᠰᠡᠳᠬᠢᠭᠳᠡᠯ ᠲᠡᠭᠦᠨ ᠦ᠌ ᠲᠠᠷᠢᠬᠢ ᠲᠣᠯᠣᠭᠠᠢ ᠶ᠋ᠢ ᠡᠷᠭᠢᠭᠦᠯᠦᠨ᠂ ᠡᠨᠡ ᠪᠣᠳᠣᠯ ᠯᠠᠪᠰᠢᠷᠠᠬᠤ ᠪᠦᠷᠢ ᠳ᠋ᠦ᠍ ᠪᠠᠭᠠᠯᠵᠠᠭᠤᠷ ᠠ᠋ᠴᠠ ᠨᠢ ᠵᠢᠭᠤᠷᠠᠨ ᠠᠪᠬᠤ ᠰᠢᠭ᠋ ᠪᠣᠯᠤᠭᠰᠠᠨ ᠬᠦᠨᠳᠦ ᠡᠳᠦᠷ ᠪᠠᠢᠯ᠎ᠠ᠃
ᠲᠠᠩᠭᠤᠳ ᠤ᠋ᠨ ᠣᠢᠷᠠᠯᠴᠠᠭ᠎ᠠ ᠭᠠᠨᠰᠦ ᠶ᠋ᠢᠨ ᠬᠡᠷᠡᠭ ᠢ᠋ ᠵᠠᠰᠠᠨ ᠶᠠᠪᠤᠭᠤᠯᠵᠤ ᠪᠠᠢᠭᠰᠠᠨ ᠥᠭᠡᠳᠡᠢ ᠬᠠᠭᠠᠨ ᠤ᠋ ᠬᠦᠦ᠂ ᠭᠤᠳᠠᠨ ᠤ᠋ ᠦᠷᠭᠦᠭᠡᠨ᠎ᠡ ᠬᠡᠳᠦᠨ ᠬᠥᠮᠦᠨ ᠪᠠᠷᠠᠯᠬᠠᠨ ᠢᠷᠡᠵᠡᠢ᠃ ᠲᠡᠳᠡᠨ ᠦ᠌ ᠵᠢᠰᠦ ᠴᠢᠷᠠᠢ ᠲᠠᠯ᠎ᠠ ᠨᠤᠲᠤᠭ ᠤ᠋ᠨ ᠬᠢ ᠡᠴᠡ ᠣᠭᠲᠣ ᠥᠭᠡᠷ᠎ᠡ᠂ ᠲᠣᠷᠭᠠᠨ ᠤ᠋ ᠵᠠᠮ ᠳ᠋ᠠᠭᠠᠨ ᠶᠠᠪᠤᠬᠤ ᠬᠤᠳᠠᠯᠳᠤᠭᠠᠴᠢᠳ ᠲᠠᠢ ᠠᠳᠠᠯᠢ᠂ ᠰᠠᠷᠲᠠᠭᠤᠯ ᠵᠦᠭ ᠦ᠋ᠨ ᠬᠥᠮᠦᠰ ᠪᠠᠢᠯ᠎ᠠ᠃ ᠥᠭᠡᠳᠡᠢ ᠬᠠᠭᠠᠨ ᠤ᠋ ᠬᠦᠦ ᠭᠣᠲᠠᠨ ᠤ᠋ ᠡᠨᠡ ᠭᠠᠵᠠᠷ ᠤᠷᠢᠳᠤ ᠶᠢᠰᠦᠢ ᠬᠠᠲᠤᠨ ᠤ᠋ ᠡᠵᠡᠮᠰᠢᠯ ᠨᠤᠲᠤᠭ ᠪᠠᠢᠭᠰᠠᠨ ᠶᠤᠮ᠃ ᠬᠠᠭᠠᠨ ᠬᠦᠦ ᠭᠣᠲᠠᠨ ᠥᠪᠡᠷ ᠦ᠋ᠨ ᠭᠠᠵᠠᠷ ᠣᠷᠣᠨ ᠤ᠋ ᠬᠡᠷᠡᠭ ᠢ᠋ ᠴᠢᠳᠠᠮᠠᠭᠠᠢ ᠤᠳᠤᠷᠢᠳᠤᠨ ᠶᠠᠪᠤᠭᠤᠯᠵᠤ ᠪᠠᠢᠯ᠎ᠠ᠃ ᠤᠴᠢᠷ ᠨᠢ ᠡᠨᠡ ᠭᠠᠵᠠᠷ ᠪᠣᠯ ᠲᠣᠷᠭᠠᠨ ᠤ᠋ ᠵᠠᠮ ᠳᠠᠭᠠᠤ ᠳ᠋ᠠᠬᠢ ᠨᠤᠲᠤᠭ ᠲᠤᠯᠠ ᠮᠠᠢᠮᠠᠢ ᠠᠷᠠᠯᠵᠢᠶ᠎ᠠ ᠬᠢᠬᠦ ᠳ᠋ᠦ᠍ ᠲᠠᠭᠠᠲᠠᠢ ᠪᠦᠰᠡ ᠠᠵᠤᠭᠤ᠃
ᠭᠤᠳᠠᠨ ᠡᠨᠡ ᠭᠠᠵᠠᠷ ᠢ᠋ ᠰᠠᠬᠢᠨ ᠰᠠᠭᠤᠬᠤ ᠪᠣᠯᠤᠭᠰᠠᠨ ᠳᠠᠷᠤᠢ ᠳ᠋ᠠᠭᠠᠨ ᠣᠯᠠᠨ ᠠᠵᠢᠯ ᠢ᠋ ᠡᠬᠢᠯᠡᠭᠦᠯᠦᠭᠰᠡᠨ ᠦ᠌ ᠳᠡᠭᠡᠷ᠎ᠡ ᠲᠣᠷᠭᠠᠨ ᠤ᠋ ᠵᠠᠮ ᠳᠠᠭᠠᠤ ᠶᠠᠪᠤᠬᠤ ᠬᠡᠷᠦᠮᠡᠯ ᠬᠤᠳᠠᠯᠳᠤᠭᠠᠴᠢᠳ ᠤ᠋ᠨ ᠠᠶᠤᠯ ᠦᠭᠡᠢ ᠪᠠᠢᠳᠠᠯ ᠳ᠋ᠤ᠌ ᠶᠡᠬᠡᠳᠡ ᠠᠩᠬᠠᠷᠬᠤ ᠪᠣᠳᠣᠯᠭ᠎ᠠ ᠶᠠᠪᠤᠭᠤᠯᠵᠠᠢ᠃ ᠬᠤᠳᠠᠯᠳᠤᠭᠠᠴᠢᠳ ᠤ᠋ᠨ ᠶᠠᠪᠤᠬᠤ ᠵᠠᠮ ᠳᠠᠭᠠᠤ ᠬᠤᠳᠳᠤᠭ ᠤᠰᠤ ᠭᠠᠷᠭᠠᠵᠤ᠂ ᠵᠤᠨ ᠤ᠋ ᠬᠠᠯᠠᠭᠤᠨ ᠨᠠᠷᠠ ᠲᠠᠢ ᠡᠳᠦᠷ ᠢ᠋ᠶ᠋ᠡᠷ ᠰᠠᠭᠤᠵᠤ ᠠᠮᠠᠷᠠᠨ᠂ ᠰᠡᠭᠦᠳᠡᠷ ᠲᠦ᠋ᠨᠢ ᠰᠠᠭᠠᠲᠠᠬᠤ ᠮᠣᠳᠣ ᠬᠦᠷᠲᠡᠯ᠎ᠡ ᠲᠠᠷᠢᠵᠤ᠂ ᠲᠣᠷᠭᠠᠨ ᠤ᠋ ᠵᠠᠮ ᠳᠠᠭᠠᠤ ᠭᠡᠷᠦᠨ ᠶᠠᠪᠤᠬᠤ ᠬᠤᠳᠠᠯᠳᠤᠭᠠᠴᠢᠳ ᠤ᠋ᠨ ᠠᠶᠤᠯ ᠦᠭᠡᠢ ᠪᠠᠢᠳᠠᠯ ᠢ᠋ ᠥᠪᠡᠷ ᠦ᠋ᠨ ᠨᠤᠲᠤᠭ ᠳᠡᠭᠡᠷ᠎ᠡ ᠪᠡᠨ ᠴᠢᠩᠭ᠎ᠠ ᠰᠠᠬᠢᠭᠤᠯᠤᠨ ᠬᠠᠮᠠᠭᠠᠯᠠᠪᠠ᠃ ᠭᠣᠲᠠᠨ᠂ ᠳᠦᠷᠭᠡᠨ᠎ᠡ ᠬᠠᠲᠤᠨ ᠠ᠋ᠴᠠ ᠲᠥᠷᠥᠭᠰᠡᠨ ᠬᠡᠳᠦᠢ ᠴᠦ᠍ ᠡᠬᠡ ᠶ᠋ᠢᠨ ᠥᠪᠡᠷ ᠦ᠋ᠨ ᠢ᠋ᠶ᠋ᠡᠨ ᠳᠤᠷ᠎ᠠ ᠪᠠᠷ ᠠᠪᠤᠷᠢᠯᠠᠨ ᠰᠠᠭᠤᠭ᠎ᠠ ᠲᠠᠢ ᠡᠪᠯᠡᠷᠡᠬᠦ ᠬᠦᠰᠡᠯ ᠦᠭᠡᠢ ᠪᠠᠢᠯ᠎ᠠ᠃
ᠦᠦᠷ ᠴᠦᠦᠷ ᠢ᠋ᠶ᠋ᠡᠷ ᠠᠪᠤᠷᠠᠯ ᠡᠷᠢᠨ ᠢᠷᠡᠭᠰᠡᠨ ᠬᠥᠭᠡᠷᠦᠬᠦᠢᠯᠡᠯᠲᠡᠢ ᠡᠪᠦᠭᠡᠨ ᠲᠦᠰᠢᠮᠡᠯ ᠮᠠᠬᠠᠮᠥ᠋ᠳ᠋ ᠶᠠᠯᠠᠸᠠᠴᠢ ᠶ᠋ᠢ ᠲᠡᠷᠡ ᠥᠪᠡᠷ ᠦ᠋ᠨ ᠢᠪᠡᠭᠡᠯ ᠳᠣᠣᠷ᠎ᠠ ᠠᠪᠤᠨ ᠬᠠᠲᠤᠨ ᠡᠬᠡ ᠶ᠋ᠢᠨ ᠢ᠋ᠶ᠋ᠡᠨ ᠤᠷᠲᠤ ᠭᠠᠷ ᠠ᠋ᠴᠠ ᠬᠠᠭᠠᠴᠠᠢᠯᠠᠨ ᠰᠠᠭᠤᠵᠤ ᠪᠠᠢᠪᠠ᠃ ᠲᠡᠷᠡ ᠪᠡᠷ ᠦᠦᠷ ᠲᠡᠮᠳᠡᠭᠷᠡᠬᠦ ᠲᠡᠢ ᠵᠡᠷᠭᠡᠴᠡᠨ ᠢᠷᠡᠭᠰᠡᠨ᠂ ᠬᠠᠭᠠᠨ ᠠᠪᠤ ᠶ᠋ᠢᠨ ᠬᠢᠨᠢ ᠢᠲᠡᠭᠡᠯᠲᠦ ᠲᠦᠰᠢᠮᠡᠯ ᠤᠷᠢᠳᠤ ᠶ᠋ᠢᠨ ᠰᠠᠢᠬᠠᠨ ᠴᠠᠭ ᠢ᠋ ᠳᠤᠷᠠᠰᠤᠨ ᠶᠠᠷᠢᠭᠠᠳ᠂ ᠠᠪᠤᠷᠠᠯ ᠡᠨᠡᠷᠢᠯ ᠳ᠋ᠡᠭᠡᠨ ᠪᠠᠭᠲᠠᠭᠠᠨ ᠠᠪᠬᠤ ᠶ᠋ᠢ ᠭᠤᠶᠤᠭᠰᠠᠨ ᠢ᠋ ᠶᠣᠰᠣ ᠪᠠᠷ ᠪᠣᠯᠭᠠᠵᠠᠢ᠃ ᠥᠨᠥ ᠭᠣᠲᠠᠨ ᠤ᠋ ᠦᠷᠭᠦᠭᠡᠨ ᠳ᠋ᠦ᠍ ᠢᠷᠡᠭᠰᠡᠨ ᠬᠥᠮᠦᠰ ᠳᠦᠷᠭᠡᠨ᠎ᠡ ᠬᠠᠲᠤᠨ ᠡᠬᠡ ᠡᠴᠡ ᠨᠢ ᠵᠠᠬᠢᠳᠠᠯ ᠠᠪᠴᠢᠷᠠᠭᠰᠠᠨ ᠪᠠᠢᠯ᠎ᠠ᠃ ᠡᠪᠬᠡᠭᠡᠰᠦ ᠲᠡᠢ ᠴᠠᠭᠠᠰᠤ ᠶ᠋ᠢ ᠨᠡᠭᠡᠭᠡᠨ ᠦᠵᠡᠪᠡᠯ ᠲᠠᠨᠢᠯ ᠪᠢᠴᠢᠭ ᠬᠠᠷᠠᠭᠳᠠᠨ᠎ᠠ᠃ ᠭᠣᠲᠠᠨ ᠵᠠᠬᠢᠳᠠᠯ ᠢ᠋ ᠠᠪᠴᠤ ᠨᠢᠭᠡ ᠪᠥᠷᠢᠴᠢᠯᠡᠨ ᠤᠩᠰᠢᠵᠤ ᠳᠠᠭᠤᠰᠤᠭᠠᠳ᠂
— ᠡᠬᠡ ᠶ᠋ᠢᠨ ᠬᠡᠯᠡᠭᠰᠡᠨ ᠶᠣᠰᠣᠭᠠᠷ ᠪᠢ ᠥᠪᠡᠷ ᠦ᠋ᠨ ᠪᠡᠶ᠎ᠡ ᠪᠡᠷ ᠣᠴᠢᠵᠤ ᠠᠭᠤᠯᠵᠠᠬᠤ ᠪᠣᠯᠤᠨ᠎ᠠ ᠭᠡᠵᠦ ᠬᠡᠯᠡᠯ᠎ᠡ᠃ ᠦᠷᠭᠦᠭᠡᠨ ᠳ᠋ᠦ᠍ ᠢᠷᠡᠭᠰᠡᠨ ᠬᠥᠮᠦᠰ ᠭᠣᠳᠠᠨ ᠤ᠋ ᠬᠠᠷᠢᠭᠤ ᠶ᠋ᠢ ᠰᠣᠨᠣᠰᠬᠤ ᠵᠠᠭᠤᠷ᠎ᠠ ᠨᠢᠳᠦ ᠪᠡᠷ ᠢ᠋ᠶ᠋ᠡᠨ ᠰᠠᠮ ᠳᠣᠬᠢᠯᠴᠠᠨ ᠪᠠᠢᠪᠠ᠃
※
ᠰᠤᠷᠬᠠᠭᠲᠠᠨᠢ ᠬᠠᠲᠤᠨ ᠥᠷᠥᠭᠡᠨ ᠳ᠋ᠡᠭᠡᠨ ᠬᠦᠦ ᠬᠥᠯᠡᠬᠦ ᠶ᠋ᠢᠨ ᠬᠠᠮᠲᠤ ᠪᠠᠢᠪᠠ᠃ ᠬᠦᠦ ᠨᠢ ᠡᠬᠡ ᠶ᠋ᠢᠨ ᠢ᠋ᠶ᠋ᠡᠨ ᠪᠠᠢᠷᠢ ᠪᠠᠢᠳᠠᠯ ᠢ᠋ ᠠᠵᠢᠭᠯᠠᠨ ᠬᠠᠷᠠᠭᠠᠳ᠂
— ᠡᠬᠡ ᠶ᠋ᠢᠨ ᠰᠡᠳᠬᠢᠯ ᠡᠢᠮᠦ ᠰᠠᠢᠬᠠᠨ ᠪᠠᠢᠬᠤ ᠶ᠋ᠢ ᠬᠠᠷᠠᠭ᠎ᠠ ᠦᠭᠡᠢ ᠤᠳᠠᠵᠠᠢ᠃《ᠠᠯᠲᠠᠨ ᠰᠤᠳᠤᠷ》 ᠲᠠᠨ ᠤ᠋ ᠰᠡᠳᠬᠢᠯ ᠢ᠋ ᠬᠥᠭᠯᠡᠵᠡᠢ᠁ ᠬᠦᠦ ᠲᠠᠨᠢ ᠨᠢᠭᠡ ᠵᠦᠢᠯ ᠠᠰᠠᠭᠤᠶ᠎ᠠ ᠬᠡᠮᠡᠪᠡ᠃
— ᠶᠠᠭᠤ ᠲᠡᠷᠡ ᠪᠣᠢ᠂ ᠠᠰᠠᠭᠤ᠂ ᠮᠢᠨᠦ ᠬᠦᠦ ᠭᠡᠬᠦ ᠳ᠋ᠦ᠍᠂
ᠲᠥᠷᠥ ᠤᠯᠤᠰ ᠦᠢᠮᠡᠭᠰᠡᠨ ᠬᠡᠴᠡᠭᠦᠦ ᠴᠠᠭ ᠢᠷᠡᠭᠡᠳ ᠪᠠᠢᠬᠤ ᠳ᠋ᠤ᠌ ᠲᠠ ᠥᠨᠥ ᠬᠢᠷᠢ ᠥᠪᠡᠷ ᠦ᠋ᠨ ᠪᠢᠴᠢᠭᠰᠡᠨ《ᠠᠯᠲᠠᠨ ᠰᠤᠳᠤᠷ》 ᠢ᠋ᠶ᠋ᠠᠨ ᠳᠡᠯᠭᠡᠨ᠂ ᠲᠠᠯᠪᠢᠬᠤ ᠪᠣᠳᠣᠯ ᠦᠭᠡᠢ ᠶᠠᠪᠤᠬᠤ ᠶᠠᠭᠤᠨ ᠤ᠋ ᠤᠴᠢᠷ ᠪᠣᠢ? ᠰᠤᠷᠬᠠᠭᠲᠠᠨᠢ ᠬᠠᠲᠤᠨ ᠬᠦᠦ ᠶ᠋ᠢᠨ ᠢ᠋ᠶ᠋ᠡᠨ ᠤᠬᠠᠭᠠᠯᠢᠭ ᠠᠰᠠᠭᠤᠯᠲᠠ ᠶ᠋ᠢ ᠳᠣᠲᠣᠷ᠎ᠠ ᠪᠠᠨ ᠰᠠᠢᠰᠢᠶᠠᠨ ᠪᠠᠢᠭᠰᠠᠨ ᠴᠤ᠂
— ᠴᠠᠭ ᠨᠢ ᠢᠷᠡᠭᠡ ᠦᠭᠡᠢ ᠪᠠᠢᠨ᠎ᠠ ᠭᠡᠵᠦ ᠬᠡᠯᠡᠪᠡ᠃
— ᠲᠠ ᠶᠠᠭᠤᠮ᠎ᠠ ᠯᠠ ᠪᠣᠯ ᠴᠠᠭ ᠨᠢ ᠢᠷᠡᠭᠡ ᠦᠭᠡᠢ ᠭᠡᠵᠦ ᠬᠡᠯᠡᠬᠦ ᠶᠦᠮ᠃ ᠢᠩᠭᠢᠵᠦ ᠠᠮᠤᠭᠤᠯᠠᠩ ᠪᠠᠢᠬᠤ ᠶ᠋ᠢ ᠲᠠᠨᠢ ᠬᠠᠷᠠᠭᠠᠳ ᠦᠨᠡᠨ ᠳ᠋ᠡᠭᠡᠨ ᠡᠰᠢ ᠬᠠᠲᠤᠨ ᠤ᠋ ᠳᠦᠷᠢ ᠡᠢᠮᠦ ᠪᠤᠶᠤ ᠭᠡᠵᠦ ᠰᠡᠳᠬᠢᠬᠦ ᠶᠦᠮ᠂ ᠡᠵᠢ ᠮᠢᠨᠢ ᠭᠡᠵᠦ ᠬᠦᠦ ᠨᠢ ᠥᠴᠢᠯ᠎ᠡ᠃
— ᠬᠦᠦ ᠮᠢᠨᠢ᠂ ᠡᠰᠢ ᠬᠠᠲᠤᠨ ᠭᠡᠳᠡᠭ ᠴᠢᠨᠢ ᠥᠪᠡᠷ ᠦ᠋ᠨ ᠴᠢᠨᠠᠷ ᠢ᠋ ᠴᠠᠭ ᠦᠷᠭᠦᠯᠵᠢᠳᠡ ᠦᠵᠡᠭᠦᠯᠬᠦ ᠳ᠋ᠦ᠍ ᠪᠠᠢᠳᠠᠭ ᠶᠠᠭᠤᠮ᠎ᠠ ᠪᠢᠰᠢ᠂ ᠬᠠᠷᠢᠨ ᠤᠳᠠᠯ ᠦᠭᠡᠢ ᠬᠣᠶᠠᠭᠤᠯᠠ ᠪᠤᠬᠠᠷ ᠬᠣᠲᠠ ᠶ᠋ᠢ ᠵᠣᠷᠢᠶ᠎ᠠ᠃ ᠥᠭᠡᠳᠡᠢ ᠬᠠᠭᠠᠨ ᠡᠵᠡᠨ ᠦ᠌ ᠪᠢᠳᠡᠨ ᠳ᠋ᠦ᠍ ᠰᠣᠶᠣᠷᠬᠠᠭᠰᠠᠨ ᠭᠠᠵᠠᠷ ᠨᠤᠲᠤᠭ ᠲᠤ᠌ ᠴᠢ ᠥᠪᠡᠷ ᠦ᠋ᠨ ᠬᠡᠷᠡᠭ ᠢ᠋ ᠶᠠᠪᠤᠭᠤᠯᠤᠨ᠎ᠠ᠃ ᠲᠡᠨᠳᠡᠬᠢ ᠶ᠋ᠢᠨ ᠬᠡᠯᠡ ᠰᠣᠶᠣᠯ᠂ ᠬᠥᠮᠦᠰ ᠦ᠋ᠨ ᠠᠮᠢᠳᠤᠷᠠᠯ ᠠᠬᠤᠢ ᠶ᠋ᠢ ᠰᠤᠳᠤᠯᠵᠤ᠂ ᠦᠵᠡᠭᠰᠡᠨ ᠲᠤᠭᠤᠯᠤᠭᠰᠠᠨ ᠴᠢᠨᠢ ᠬᠠᠩᠭᠠᠯᠲᠠ ᠲᠠᠢ ᠭᠡᠵᠦ ᠦᠵᠡᠵᠦ ᠪᠠᠢᠨ᠎ᠠ ᠤᠤ ᠭᠡᠵᠦ ᠠᠰᠠᠭᠤᠯ᠎ᠠ᠃ ᠡᠨᠡ ᠦᠶ᠎ᠡ ᠳ᠋ᠦ᠍ ᠬᠠᠲᠤᠨ ᠤ᠋ ᠳᠠᠭᠠᠭᠤᠯ ᠠᠵᠢᠨ ᠭᠠᠳᠠᠨ᠎ᠠ ᠠ᠋ᠴᠠ ᠣᠷᠣᠵᠤ ᠢᠷᠡᠯ᠎ᠡ᠃ ᠲᠡᠭᠦᠨ ᠦ᠌ ᠴᠢᠷᠠᠢ ᠪᠠᠷᠤᠭᠠᠷ ᠬᠠᠷᠠᠭᠳᠠᠨ᠎ᠠ᠃
— ᠶᠠᠭᠤ ᠪᠣᠯᠤᠭᠠᠳ ᠴᠢᠷᠠᠢ ᠴᠢᠨᠢ ᠵᠡᠪᠡᠬᠡᠢᠴᠢᠬᠡᠭᠰᠡᠨ ᠶᠠᠪᠤᠨ᠎ᠠ ᠪᠣᠢ?
— ᠨᠠᠰᠤᠨ ᠥᠨᠳᠥᠷ ᠶᠸᠯᠢᠤᠢ ᠴᠦᠼᠡᠢ ᠮᠥᠩᠬᠡ ᠲᠩᠷᠢ ᠶ᠋ᠢᠨ ᠣᠷᠣᠨ᠎ᠠ ᠣᠳᠤᠯ᠎ᠠ ᠬᠡᠮᠡᠭᠰᠡᠨ ᠮᠡᠳᠡᠭᠡ ᠢᠷᠡᠯ᠎ᠡ᠃
— ᠠ᠋ ᠮᠥᠩᠬᠡ ᠲᠩᠷᠢ᠁
ᠲᠡᠷᠡ ᠨᠢᠭᠡᠨ ᠡᠳᠦᠷ《ᠠᠯᠲᠠᠨ ᠰᠤᠳᠤᠷ》 ᠢ᠋ ᠪᠢᠴᠢᠵᠦ ᠳᠠᠭᠤᠰᠤᠭᠠᠳ ᠪᠤᠭᠤᠷᠤᠯ ᠰᠠᠬᠠᠯ ᠢ᠋ᠶ᠋ᠠᠨ ᠢᠯᠪᠢᠨ《ᠮᠥᠩᠬᠡᠳᠡ ᠮᠠᠨᠳᠤᠬᠤ ᠮᠣᠩᠭᠣᠯ ᠲᠥᠷᠥ ᠶ᠋ᠢᠨ ᠦᠨᠡᠨ ᠢ᠋ ᠪᠢᠳᠡ ᠦᠯᠡᠳᠡᠭᠡᠯ᠎ᠡ》 ᠭᠡᠮᠡᠨ ᠪᠠᠶᠠᠷ ᠲᠠᠢ ᠪᠠᠷ ᠥᠭᠦᠯᠡᠨ ᠪᠠᠢᠭᠰᠠᠨ ᠶᠡᠬᠡ ᠬᠥᠮᠦᠨ ᠮᠥᠩᠬᠡ ᠲᠩᠷᠢ ᠶ᠋ᠢᠨ ᠣᠷᠣᠨ᠎ᠠ ᠣᠳᠴᠠᠢ᠃
《ᠤᠷᠲᠤ ᠰᠢᠷ᠎ᠠ ᠬᠥᠮᠦᠨ ᠢᠷᠡᠯ᠎ᠡ》 ᠭᠡᠮᠡᠨ ᠶᠠᠷᠢᠯᠴᠠᠬᠤ ᠬᠠᠪᠤᠷ ᠴᠠᠭ ᠮᠣᠩᠭᠣᠯ ᠤ᠋ᠨ ᠲᠠᠯ᠎ᠠ ᠨᠤᠲᠤᠭ ᠲᠤ ᠦᠷᠭᠦᠯᠵᠢᠯᠡᠵᠦ ᠪᠠᠢᠪᠠ᠃ ᠴᠠᠰᠤᠨ ᠳᠣᠣᠷ᠎ᠠ ᠠ᠋ᠴᠠ ᠢᠷᠭᠤᠢ ᠲᠥᠷᠥᠨ ᠰᠢᠨ᠎ᠡ ᠴᠠᠭ ᠢᠷᠡᠵᠦ ᠪᠣᠢ ᠶ᠋ᠢᠨ ᠳᠣᠬᠢᠶ᠎ᠠ ᠶ᠋ᠢ ᠢᠯᠡᠳᠬᠡᠵᠦ᠂ ᠨᠥᠮᠥᠷᠦᠭᠰᠡᠨ ᠴᠠᠰᠤ ᠪᠠᠨ ᠢᠷᠡᠨ ᠤᠷᠭᠤᠬᠤ ᠭᠡᠵᠦ ᠲᠡᠮᠡᠦᠯᠦᠨ ᠪᠠᠢᠬᠤ ᠳ᠋ᠤ᠌ ᠮᠣᠩᠭᠣᠯ ᠤ᠋ᠨ ᠲᠥᠷᠥ ᠯᠡ ᠬᠠᠷᠢᠨ ᠨᠥᠮᠥᠷᠦᠨ ᠢᠷᠡᠭᠰᠡᠨ ᠬᠦᠨᠳᠦᠬᠡᠨ ᠠᠴᠢᠶ᠎ᠠ ᠪᠠᠨ ᠢᠷᠡᠨ ᠪᠣᠰᠬᠤ ᠵᠣᠷᠢᠭᠲᠠᠨ ᠢ᠋ᠶ᠋ᠠᠷ ᠡᠨᠡ ᠤᠳᠠᠭ᠎ᠠ ᠳ᠋ᠤ᠌ ᠳᠤᠲᠠᠵᠤ ᠪᠠᠢᠯ᠎ᠠ᠃
ᠤᠷᠲᠤ ᠰᠢᠷ᠎ᠠ ᠬᠥᠮᠦᠨ ᠭᠡᠵᠦ ᠬᠠᠪᠤᠷ ᠴᠠᠭ ᠢ᠋ ᠲᠠᠯ᠎ᠠ ᠨᠤᠲᠤᠭ ᠤ᠋ᠨ ᠬᠢᠨ ᠵᠦᠭᠡᠷ ᠴᠦ᠍ ᠨᠢᠭᠡ ᠬᠡᠯᠡᠳᠡᠭ ᠦᠭᠡᠢ ᠪᠢᠯᠡ᠃ ᠡᠨᠡ ᠯᠡ ᠴᠠᠭ ᠲᠤ ᠶᠠᠭᠤᠮ᠎ᠠ ᠶᠠᠭᠤᠮ᠎ᠠ ᠬᠣᠮᠰᠠᠳᠠᠵᠤ ᠬᠥᠮᠦᠰ ᠦ᠋ᠨ ᠢᠳᠡᠵᠦ ᠤᠤᠭᠤᠬᠤ ᠨᠢ ᠲᠣᠭ᠎ᠠ ᠲᠠᠢ ᠪᠣᠯᠵᠤ᠂ ᠰᠠᠢᠬᠠᠨ ᠴᠠᠭ ᠲᠤ ᠵᠡᠬᠡᠨ ᠪᠡᠯᠡᠳᠦᠭᠰᠡᠨ ᠬᠣᠭᠣᠯᠠ ᠬᠦᠨᠡᠰᠦ ᠪᠡᠨ ᠪᠠᠷᠠᠳᠠᠭ ᠪᠠᠢᠭᠰᠠᠨ ᠠ᠋ᠴᠠ ᠡᠭᠡᠯ ᠠᠷᠠᠳ ᠪᠣᠯ ᠡᠳᠦᠷ ᠦ᠋ᠨ ᠤᠷᠲᠤ ᠶ᠋ᠢ ᠥᠯᠥᠨ ᠵᠡᠯᠮᠡᠭᠦᠨ ᠥᠩᠭᠡᠷᠡᠭᠦᠯᠬᠦ ᠨᠢ ᠣᠯᠠᠨ᠃ ᠬᠠᠷᠢᠨ ᠬᠠᠭᠠᠳ ᠨᠣᠶᠠᠳ ᠤ᠋ᠨ ᠭᠡᠷ ᠲᠦ᠍ ᠬᠠᠪᠤᠷ ᠤ᠋ᠨ ᠤᠷᠲᠤ ᠰᠢᠷ᠎ᠠ ᠬᠥᠮᠦᠨ ᠣᠭᠲᠣ ᠥᠭᠡᠷ᠎ᠡ ᠪᠡᠷ ᠠᠢᠯᠴᠢᠯᠠᠨ ᠢᠷᠡᠳᠡᠭ᠃ ᠡᠨᠡ ᠪᠣᠯ ᠬᠠᠭᠠᠨ᠂ ᠬᠠᠷᠠᠴᠤ ᠬᠣᠶᠠᠷ ᠲᠤ ᠢᠯᠡᠭᠡᠭᠰᠡᠨ ᠮᠥᠩᠬᠡ ᠲᠩᠷᠢ ᠶ᠋ᠢᠨ ᠥᠭᠡᠷ᠎ᠡ ᠥᠭᠡᠷ᠎ᠡ ᠢᠯᠡᠭᠡᠯᠲᠡ ᠴᠤ ᠪᠠᠢᠵᠤ ᠪᠣᠯᠬᠤ ᠶᠤᠮ᠃ ᠴᠠᠭ ᠨᠠᠭᠠᠰᠢᠯᠠᠵᠤ᠂ ᠡᠳᠦᠷ ᠤᠷᠲᠤᠰᠬᠤ ᠡᠨᠡᠬᠡᠨ ᠦᠶ᠎ᠡ ᠪᠡᠷ ᠶᠸᠯᠢᠦᠢ ᠴᠦᠼᠡᠢ ᠮᠥᠩᠬᠡ ᠲᠩᠷᠢ ᠳ᠋ᠡᠭᠡᠨ ᠣᠳᠴᠠᠢ᠃ ᠠᠭᠤᠷᠠᠭ ᠠ᠋ᠴᠠ ᠬᠥᠯᠡᠬᠦ ᠶ᠋ᠢᠨ ᠬᠠᠮᠲᠤ ᠶᠠᠭᠠᠷᠠᠪᠴᠢᠯᠠᠨ ᠭᠠᠷᠤᠭᠰᠠᠨ ᠰᠣᠷᠬᠠᠭᠲᠠᠨᠢ ᠬᠠᠲᠤᠨ ᠢ᠋ ᠬᠠᠷᠠᠬᠣᠷᠣᠮ ᠳ᠋ᠤ᠌ ᠢᠷᠡᠬᠦ ᠳ᠋ᠦ᠍ ᠲᠡᠭᠦᠨ ᠢ᠋ ᠬᠥᠳᠡᠭᠡᠯᠡᠭᠦᠯᠬᠦ ᠠᠵᠢᠯ ᠳᠠᠭᠤᠰᠤᠭᠰᠠᠨ ᠪᠠᠢᠯ᠎ᠠ᠃ ᠭᠡᠪᠡᠴᠦ ᠡᠨᠡ ᠦᠶ᠎ᠡ ᠳ᠋ᠦ᠍ ᠰᠣᠷᠬᠠᠭᠲᠠᠨᠢ ᠬᠠᠲᠤᠨ ᠴᠢᠬᠢᠨ ᠳ᠋ᠡᠭᠡᠨ ᠴᠤ ᠢᠲᠡᠭᠡᠮ᠎ᠡ ᠦᠭᠡᠢ ᠠᠢᠳᠠᠰᠲᠤ ᠮᠡᠳᠡᠭᠡ ᠶ᠋ᠢ ᠰᠣᠨᠣᠰᠪᠠ᠃
— ᠶᠸᠯᠢᠦᠢ ᠴᠦᠼᠡᠢ ᠶ᠋ᠢᠨ ᠭᠡᠷ ᠲᠦ᠍ ᠨᠡᠩᠵᠢᠯᠭᠡ ᠬᠢᠭᠰᠡᠨ ᠪᠠᠢᠨ᠎ᠠ᠃ ᠡᠨᠡ ᠪᠠᠢᠳᠠᠯ ᠳ᠋ᠤ᠌ ᠶᠡᠬᠡᠳᠡ ᠰᠡᠳᠬᠢᠯ ᠢ᠋ᠶ᠋ᠡᠷ ᠤᠨᠠᠭᠰᠠᠨ ᠶᠸᠯᠢᠦᠢ ᠴᠦᠼᠡᠢ ᠬᠡᠳᠦ ᠬᠣᠨᠣᠭ ᠰᠢᠨᠠᠯᠤᠭᠰᠠᠨ ᠤ᠋ ᠡᠴᠦᠰ ᠲᠦ᠍ ᠮᠥᠩᠬᠡ ᠲᠩᠷᠢ ᠳ᠋ᠡᠭᠡᠨ ᠣᠳᠴᠠᠢ᠃ ᠶᠠᠭᠤᠨ ᠤ᠋ ᠤᠴᠢᠷ ᠨᠡᠩᠵᠢᠯᠭᠡ ᠬᠢᠭᠰᠡᠨ ᠢ᠋ ᠪᠢᠳᠡ ᠮᠡᠳᠡᠬᠦ ᠦᠭᠡᠢ ᠴᠤ ᠬᠠᠲᠤᠨ ᠤ᠋ ᠠᠯᠪᠠᠲᠤ ᠶᠸᠯᠢᠦᠢ ᠴᠦᠼᠠᠢ ᠶ᠋ᠢᠨ ᠭᠡᠷ ᠲᠦ᠍ ᠨᠡᠩᠵᠢᠯᠭᠡ ᠬᠢᠵᠦ ᠪᠠᠢᠬᠤ ᠳ᠋ᠠᠭᠠᠨ ᠲᠡᠭᠦᠨ ᠢ᠋ ᠡᠷᠡᠭᠦᠳᠡᠭᠰᠡᠨ ᠪᠠᠢᠨ᠎ᠠ ᠭᠡᠵᠦ ᠠᠵᠢᠨ ᠬᠡᠯᠡᠪᠡ᠃
— ᠡᠷᠡᠭᠦᠳᠡᠨ ᠰᠢᠭᠦᠭᠰᠡᠨ ᠭᠡᠨ᠎ᠡ᠃ ᠨᠠᠰᠤ ᠥᠨᠳᠥᠷ ᠪᠣᠯᠤᠭᠰᠠᠨ ᠶᠯᠢᠦᠢ ᠴᠦᠼᠡᠢ ᠶ᠋ᠢ ᠢᠩᠭᠢᠵᠦ ᠡᠷᠡᠭᠦᠳᠡᠨ ᠰᠢᠭᠦᠬᠦ ᠡᠷᠬᠡ ᠶ᠋ᠢ ᠳᠦᠷᠭᠡᠨ᠎ᠡ ᠬᠠᠲᠤᠨ ᠯᠠᠪ ᠣᠯᠭᠣᠭ᠎ᠠ ᠦᠭᠡᠢ ᠪᠣᠯᠪᠠ ᠤᠤ᠂ ᠬᠠᠲᠤᠨ ᠤ᠋ ᠨᠡᠷ᠎ᠡ ᠰᠦᠷ ᠢ᠋ ᠠᠰᠢᠭᠯᠠᠨ ᠳᠤᠷ᠎ᠠ ᠪᠠᠷ ᠢ᠋ᠶ᠋ᠠᠨ ᠠᠭᠠᠰᠢᠯᠠᠭᠰᠠᠨ ᠲᠡᠷᠡ ᠡᠷᠬᠢᠮ ᠨᠦ᠍ᠭᠦᠳ ᠢ᠋ ᠬᠠᠲᠤᠨ ᠡᠬᠡ ᠮᠡᠳᠡᠵᠦ ᠪᠠᠢᠭ᠎ᠠ ᠤᠤ?
— ᠰᠠᠢᠨ ᠮᠡᠳᠡᠬᠦ ᠦᠭᠡᠢ ᠶᠤᠮ ᠠ᠋᠂ ᠬᠠᠲᠤᠨᠲᠠᠨ ᠮᠢᠨᠢ᠃
ᠶᠠᠮᠠᠷ ᠴᠤ ᠭᠡᠰᠡᠨ ᠬᠠᠷᠠᠬᠣᠷᠣᠮ ᠳ᠋ᠤ᠌ ᠪᠣᠯᠤᠭᠰᠠᠨ ᠡᠨᠡ ᠡᠮᠭᠡᠨᠢᠯᠲᠦ ᠶᠠᠪᠤᠳᠠᠯ ᠢ᠋ ᠨᠢᠳᠦ ᠪᠡᠷ ᠦᠵᠡᠭᠰᠡᠨ ᠬᠥᠮᠦᠰ ᠶᠠᠷᠢᠵᠤ ᠪᠠᠢᠨ᠎ᠠ ᠭᠡᠵᠦ ᠬᠡᠯᠡᠬᠦ ᠠᠵᠢᠨ ᠤ᠋ ᠶᠠᠷᠢᠶ᠎ᠠ ᠬᠤᠳᠠᠯ ᠮᠡᠲᠦ ᠰᠠᠨᠠᠭᠳᠠᠬᠤ ᠠᠪᠠᠴᠤ ᠬᠠᠲᠤᠨ ᠤ᠋ ᠦᠨᠡᠨᠴᠢ ᠳᠠᠭᠠᠭᠤᠯ ᠠᠵᠢᠨ ᠰᠠᠢᠲᠤᠷ ᠨᠢᠭᠲᠠᠯᠠᠨ ᠦᠵᠡᠵᠦ ᠪᠠᠢᠵᠤ ᠰᠠᠶᠢ ᠬᠠᠲᠤᠨᠲᠠᠨ ᠳ᠋ᠤ᠌ ᠬᠡᠯᠡ ᠮᠡᠳᠡᠭᠡ ᠳᠣᠭᠣᠯᠭᠠᠳᠠᠭ ᠲᠤᠯᠠ ᠦᠨᠡᠮᠰᠢᠬᠦ ᠡᠴᠡ ᠥᠭᠡᠷ᠎ᠡ ᠠᠷᠭ᠎ᠠ ᠦᠭᠡᠢ ᠪᠠᠢᠯ᠎ᠠ᠃
※
ᠤᠷᠢᠨ ᠴᠠᠭ ᠤ᠋ᠨ ᠳᠣᠬᠢᠶ᠎ᠠ ᠢᠷᠡᠬᠦ ᠳ᠋ᠦ᠍ ᠪᠠᠢᠭᠠᠯᠢ ᠳᠡᠯᠡᠬᠡᠢ ᠶ᠋ᠢᠨ ᠥᠩᠭᠡ ᠳᠡᠯᠭᠡᠷᠡᠵᠦ ᠨᠢᠳᠦᠨ᠎ᠡ ᠢᠷᠠᠭᠤ ᠰᠠᠢᠬᠠᠨ ᠢ᠋ ᠨᠡᠭᠡᠭᠡᠨ᠂ ᠬᠡᠦᠬᠡᠳ ᠦ᠋ᠨ ᠱᠤᠤᠭᠢᠶᠠᠨ ᠰᠢᠪᠠᠭᠤᠳ ᠤ᠋ᠨ ᠴᠢᠮᠡᠭᠡ ᠲᠡᠢ ᠬᠣᠣᠰᠯᠠᠬᠤ ᠠᠶᠠᠯᠭᠤ ᠴᠢᠬᠢᠨ᠎ᠡ ᠭᠠᠢᠬᠠᠮ᠎ᠠ ᠤᠶᠠᠩᠭ᠎ᠠ ᠶ᠋ᠢ ᠲᠣᠭᠯᠠᠨ ᠪᠠᠢᠳᠠᠭ ᠰᠢᠭ᠋ ᠬᠥᠮᠦᠨ ᠦ᠌ ᠰᠡᠳᠬᠢᠯ ᠴᠦ᠍ ᠡᠨᠡ ᠴᠠᠭ ᠲᠤ ᠥᠪᠡᠷ ᠦ᠋ᠨ ᠥᠩᠭᠡ ᠠᠶᠠᠯᠭᠤ ᠪᠠᠷ ᠡᠭᠡᠰᠢᠭᠯᠡᠨ ᠪᠠᠢᠳᠠᠭ ᠪᠢᠯᠡ᠃ ᠳᠦᠷᠭᠡᠨ᠎ᠡ ᠬᠠᠲᠤᠨ ᠡᠬᠡ ᠡᠴᠡ ᠵᠠᠬᠢᠳᠠᠯ ᠬᠦᠯᠢᠶᠡᠨ ᠠᠪᠤᠭᠰᠠᠨ ᠭᠣᠳᠠᠨ ᠥᠪᠡᠷ ᠦ᠋ᠨ ᠬᠡᠳᠦᠨ ᠬᠥᠮᠦᠨ ᠢ᠋ᠶ᠋ᠡᠨ ᠠᠪᠴᠤ ᠬᠠᠷᠠᠬᠣᠷᠣᠮ ᠤ᠋ᠨ ᠵᠦᠭ ᠭᠠᠷᠬᠤ ᠪᠠᠷ ᠶᠠᠭᠠᠷᠠᠪᠴᠢᠯᠠᠨ ᠮᠣᠷᠳᠠᠯ᠎ᠠ᠃
ᠭᠤᠳᠠᠨ ᠳᠤ ᠡᠬᠡ ᠲᠡᠢ ᠪᠡᠨ ᠠᠭᠤᠯᠵᠠᠨ ᠶᠠᠷᠢᠬᠤ᠂ ᠰᠡᠳᠬᠢᠯ ᠢ᠋ᠶ᠋ᠡᠨ ᠨᠡᠭᠡᠭᠡᠨ ᠣᠢᠯᠠᠭᠠᠯᠴᠠᠬᠤ ᠵᠦᠢᠯ ᠣᠯᠠᠨ ᠪᠠᠢᠯ᠎ᠠ᠃ ᠲᠡᠷᠡ ᠪᠡᠷ ᠵᠠᠮ ᠤ᠋ᠨ ᠲᠤᠷᠰᠢᠲᠠ ᠡᠬᠡ ᠳ᠋ᠡᠭᠡᠨ ᠣᠴᠢᠭᠠᠳ ᠬᠡᠷᠬᠢᠨ ᠠᠭᠤᠯᠵᠠᠬᠤ᠂ ᠠᠮᠠ ᠨᠡᠭᠡᠭᠡᠵᠦ ᠠᠩᠬ᠎ᠠ ᠶᠠᠷᠢᠬᠤ ᠵᠦᠢᠯ ᠨᠢ ᠶᠠᠭᠤᠨ ᠠ᠋ᠴᠠ ᠡᠬᠢᠯᠡᠬᠦ᠂ ᠴᠠᠭᠠᠰᠢ ᠬᠡᠷᠬᠢᠨ ᠦᠷᠭᠦᠯᠵᠢᠯᠡᠭᠦᠯᠬᠦ᠂ ᠡᠬᠡ ᠶ᠋ᠢᠨ ᠳᠡᠷᠭᠡᠳᠡ ᠪᠠᠢᠭ᠎ᠠ ᠲᠡᠷᠡ ᠬᠠᠷᠢ ᠬᠥᠮᠦᠰ ᠬᠡᠨ ᠪᠣᠯᠬᠤ ᠶ᠋ᠢ ᠶᠠᠭᠠᠬᠢᠵᠤ ᠤᠴᠢᠷᠯᠠᠨ ᠣᠢᠯᠠᠭᠠᠭᠤᠯᠬᠤ ᠲᠤᠬᠠᠢ ᠪᠣᠳᠣᠨ᠂ ᠪᠣᠳᠣᠯ ᠣᠶᠤᠨ ᠢ᠋ᠶ᠋ᠠᠨ ᠭᠠᠰᠢᠯᠭᠠᠵᠤ ᠶᠠᠪᠤᠪᠠ᠃ ᠬᠠᠭᠠᠨ ᠡᠴᠢᠭᠡ ᠪᠡᠨ ᠲᠩᠷᠢ ᠳ᠋ᠦ᠍ ᠣᠳᠤᠭᠰᠠᠨ ᠠ᠋ᠴᠠ ᠬᠣᠢᠰᠢ ᠬᠠᠷᠠᠬᠣᠷᠣᠮ ᠳ᠋ᠤ᠌ ᠬᠣᠪᠣᠷᠬᠠᠨ ᠣᠴᠢᠭᠰᠠᠨ ᠡᠨᠡ ᠵᠠᠯᠠᠭᠤ ᠡᠬᠡ ᠲᠡᠢ ᠪᠡᠨ ᠬᠠᠮᠤᠭ ᠤ᠋ᠨ ᠰᠡᠭᠦᠯ ᠳ᠋ᠦ᠍ ᠠᠭᠤᠯᠵᠠᠬᠤ ᠳ᠋ᠠᠭᠠᠨ ᠲᠡᠢᠮᠦ ᠴᠦ᠍ ᠰᠠᠢᠬᠠᠨ ᠢ᠋ᠶ᠋ᠠᠷ ᠰᠠᠯᠤᠭ᠎ᠠ ᠦᠭᠡᠢ ᠨᠢ ᠡᠵᠢ ᠶ᠋ᠢᠨ ᠢ᠋ᠶ᠋ᠡᠨ ᠳᠡᠷᠭᠡᠳᠡ ᠪᠠᠢᠬᠤ ᠬᠠᠷᠢ ᠶ᠋ᠢᠨ ᠬᠥᠮᠦᠰ ᠢ᠋ ᠰᠠᠢᠰᠢᠶᠠᠭᠠ ᠦᠭᠡᠢ ᠡᠴᠡ ᠡᠭᠦᠳᠦᠭᠰᠡᠨ ᠪᠠᠢᠪᠠ᠃
ᠡᠬᠡ ᠦᠷ᠎ᠡ ᠬᠣᠶᠠᠷ ᠤ᠋ᠨ ᠳᠤᠮᠳᠠ ᠬᠡᠭᠡᠷ᠎ᠡ ᠶ᠋ᠢᠨ ᠰᠠᠯᠬᠢ ᠰᠢᠭ᠋ ᠬᠡᠢᠰᠦᠨ ᠪᠠᠢᠭ᠎ᠠ ᠬᠣᠪ ᠵᠢᠪ ᠣᠳᠣ ᠨᠢᠭᠡᠮᠦᠰᠦᠨ ᠠᠷᠢᠯᠵᠤ᠂ ᠲᠡᠳᠡᠨ ᠦ᠌ ᠳᠤᠮᠳᠠ ᠪᠣᠰᠤᠭᠰᠠᠨ ᠦᠯᠦ ᠣᠢᠯᠠᠭᠠᠯᠴᠠᠯ ᠤ᠋ᠨ ᠬᠠᠨ᠎ᠠ ᠨᠤᠷᠠᠨ ᠤᠨᠠᠬᠤ ᠴᠠᠭ ᠪᠣᠯᠤᠭᠰᠠᠨ ᠭᠡᠳᠡᠭ ᠲᠦ᠍ ᠭᠤᠳᠠᠨ ᠢᠲᠡᠭᠡᠵᠦ ᠪᠠᠢᠯ᠎ᠠ᠃ ᠬᠣᠯᠠ ᠵᠠᠮ ᠤ᠋ᠨ ᠤᠷᠲᠤ ᠳ᠋ᠤ᠌ ᠰᠥᠨᠢ ᠰᠠᠢᠨ ᠤᠨᠲᠠᠵᠤ ᠠᠮᠠᠷᠠᠨ ᠮᠠᠷᠭᠠᠰᠢ ᠥᠷᠯᠥᠭᠡ ᠨᠠᠷᠠᠨ ᠤ᠋ ᠡᠷᠲᠡ ᠳ᠋ᠦ᠍ ᠪᠣᠰᠴᠤ ᠭᠠᠵᠠᠷ ᠬᠣᠷᠣᠭᠠᠬᠤ ᠨᠢ ᠴᠢᠬᠤᠯᠠ᠂ ᠲᠡᠷᠡ ᠥᠪᠡᠷ ᠦ᠋ᠨ ᠬᠥᠮᠦᠰ ᠢ᠋ ᠳᠠᠭᠠᠭᠤᠯᠤᠨ ᠵᠠᠮ ᠳ᠋ᠤ᠌ ᠲᠠᠭᠠᠷᠠᠬᠤ ᠨᠢᠭᠡᠨ ᠠᠭᠤᠯᠠ ᠶ᠋ᠢᠨ ᠥᠪᠥᠷ ᠪᠠᠯ ᠢ᠋ ᠪᠠᠷᠠᠳᠠᠨ ᠪᠠᠭᠤᠳᠠᠯᠯᠠᠯ᠎ᠠ᠃
ᠴᠠᠭ ᠤᠨ ᠥᠩᠭᠡ ᠨᠠᠭᠠᠰᠢᠯᠠᠵᠤ ᠪᠠᠢᠭ᠎ᠠ ᠴᠤ᠌ ᠲᠠᠯ᠎ᠠ ᠨᠤᠲᠤᠭ ᠲᠤ᠌ ᠵᠤᠨ ᠴᠠᠭ ᠬᠠᠷᠠᠬᠠᠨ ᠢᠷᠡᠭᠡ ᠦᠭᠡᠢ ᠲᠤᠯᠠ ᠰᠥᠨᠢ ᠳ᠋ᠡᠭᠡᠨ ᠬᠦᠢᠲᠡᠨ ᠵᠢᠪᠡᠷᠡᠭᠦᠨ ᠬᠣᠨᠣᠨ᠎ᠠ᠃ ᠲᠡᠳᠡ ᠨᠢᠳᠦᠨ ᠦ᠌ ᠬᠣᠣᠷ ᠭᠠᠷᠭᠠᠨ ᠠᠮᠠᠷᠠᠬᠤ ᠪᠠᠷ ᠬᠡᠪᠲᠡᠵᠡᠭᠡᠯᠡ᠃ ᠦᠦᠷ ᠦ᠋ᠨ ᠭᠡᠭᠡ ᠳᠥᠩᠭᠡᠵᠦ ᠴᠤᠬᠤᠢᠬᠤ ᠶ᠋ᠢᠨ ᠠᠯᠲᠠ ᠳ᠋ᠤ᠌ ᠲᠡᠳᠡ ᠴᠥᠮ ᠨᠣᠢᠷᠰᠤᠵᠠᠢ᠃ ᠡᠨᠡ ᠦᠶ᠎ᠡ ᠳ᠋ᠦ᠍ ᠲᠡᠳᠡᠨ ᠦ᠌ ᠡᠷᠭᠢᠨ ᠲᠣᠭᠣᠷᠢᠨ ᠳ᠋ᠤ᠌ ᠬᠠᠮᠢᠭ᠎ᠠ ᠠ᠋ᠴᠠ ᠭᠠᠷᠴᠤ ᠢᠷᠡᠭᠰᠡᠨ ᠢ᠋ ᠮᠡᠳᠡᠬᠦ ᠦᠭᠡᠢ ᠣᠯᠠᠨ ᠴᠡᠷᠢᠭ ᠦ᠋ᠳ ᠪᠦᠴᠢᠨ ᠠᠪᠤᠪᠠ᠃ ᠴᠢᠮᠡᠭᠡ ᠠᠨᠢᠷ ᠡᠰᠡ ᠭᠠᠷᠭᠠᠬᠤ ᠲᠤᠯᠠ ᠬᠡᠨ ᠴᠦ᠍ ᠰᠡᠷᠡᠭᠰᠡᠨ ᠦᠭᠡᠢ᠃ ᠴᠡᠷᠢᠭ ᠦ᠋ᠳ ᠤᠨᠲᠠᠵᠤ ᠪᠠᠢᠭ᠎ᠠ ᠬᠥᠮᠦᠰ ᠢ᠋ ᠵᠠᠬ᠎ᠠ ᠠ᠋ᠴᠠ ᠨᠢ ᠴᠠᠭᠠᠰᠢ ᠬᠠᠷᠠᠭᠤᠯᠤᠨ ᠶᠠᠪᠤᠭᠰᠠᠭᠠᠷ ᠭᠤᠳᠠᠨ ᠤ᠋ ᠳᠡᠷᠭᠡᠳᠡ ᠬᠦᠷᠴᠦ ᠣᠴᠢᠯ᠎ᠠ᠃ ᠡᠨᠡ ᠪᠦᠬᠦᠨ ᠲᠤᠭ ᠨᠣᠢᠷ ᠤ᠋ᠨ ᠴᠠᠭ ᠢ᠋ᠶ᠋ᠠᠷ ᠴᠢᠮᠡᠭᠡ ᠠᠨᠢᠷ ᠦᠭᠡᠢ ᠪᠣᠯᠵᠤ ᠪᠠᠢᠭ᠎ᠠ ᠲᠤᠯᠠ ᠪᠥᠬᠡ ᠨᠣᠢᠷᠰᠤᠭᠰᠠᠨ ᠭᠤᠳᠠᠨ ᠬᠠᠲᠤᠨ ᠡᠬᠡ ᠲᠡᠢ ᠪᠡᠨ ᠠᠭᠤᠯᠵᠠᠨ᠂ ᠤᠴᠢᠷ ᠢ᠋ᠶ᠋ᠠᠨ ᠶᠠᠷᠢᠯᠴᠠᠵᠤ ᠪᠠᠢᠨ᠎ᠠ ᠭᠡᠵᠦ ᠵᠡᠭᠦᠳᠦᠯᠡᠨ ᠵᠢᠷᠭᠠᠯ ᠲᠠᠢ ᠪᠠᠷ ᠢᠨᠢᠶᠡᠮᠰᠦᠭᠯᠡᠨ᠎ᠡ᠃
*
ᠬᠠᠪᠤᠷ ᠤᠨ ᠰᠢᠷ᠎ᠠ ᠨᠠᠷᠠ ᠵᠤᠯᠠᠢ ᠳᠡᠭᠡᠷ᠎ᠡ ᠡᠴᠡ ᠲᠥᠭᠡᠨᠡᠨ ᠪᠠᠢᠭ᠎ᠠ ᠴᠤ᠌ ᠴᠠᠭᠠᠨ᠎ᠠ ᠪᠠᠨ ᠯᠠ ᠤᠷᠢᠨ ᠴᠠᠭ ᠨᠠᠭᠠᠰᠢᠯᠠᠬᠤ ᠪᠣᠯᠤᠭ᠎ᠠ ᠦᠭᠡᠢ ᠶ᠋ᠢ ᠢᠯᠡᠳᠬᠡᠬᠦ ᠮᠡᠲᠦ ᠰᠠᠯᠬᠢ ᠵᠢᠩᠳᠡᠭᠦᠯᠦᠨ ᠪᠠᠢᠯ᠎ᠠ᠃ ᠬᠠᠷᠠᠬᠣᠷᠣᠮ ᠤ᠋ᠨ ᠳᠡᠨᠵᠢ ᠳᠡᠭᠡᠷ᠎ᠡ ᠡᠴᠡ ᠨᠢᠭᠡᠨ ᠶᠡᠬᠡ ᠨᠡᠭᠦᠳᠡᠯ ᠠᠯᠤᠰ ᠤ᠋ᠨ ᠵᠠᠮ ᠳ᠋ᠤ᠌ ᠭᠠᠷᠴᠤ ᠶᠠᠪᠤᠯ᠎ᠠ᠃ ᠡᠨᠡ ᠨᠡᠭᠦᠳᠡᠯ ᠵᠠᠬ᠎ᠠ ᠬᠢᠵᠠᠭᠠᠷ ᠦᠭᠡᠢ ᠮᠡᠲᠦ ᠦᠷᠭᠦᠯᠵᠢᠯᠡᠨ ᠬᠠᠷᠠᠭ᠎ᠠ ᠴᠣᠴᠢᠭᠠᠨᠠ᠃ ᠨᠡᠭᠦᠳᠡᠯ ᠦ᠋ᠨ ᠳᠤᠮᠳᠠ ᠠᠰᠤᠷᠤ ᠲᠣᠮᠣ ᠭᠡᠷ ᠲᠡᠷᠭᠡ᠂ ᠠᠷᠤ ᠠ᠋ᠴᠠ ᠨᠢ ᠨᠠᠢ᠍ᠮᠠᠨ ᠵᠢᠵᠢᠭ ᠭᠡᠷ ᠲᠡᠷᠭᠡ ᠳᠠᠭᠠᠯᠳᠤᠨ ᠶᠠᠪᠤᠬᠤ ᠠᠵᠢ᠃ ᠡᠬᠢᠨ ᠦ᠌ ᠭᠡᠷ ᠲᠦ᠍ ᠰᠤᠷᠬᠠᠭᠲᠠᠨᠢ ᠬᠠᠲᠤᠨ ᠬᠦᠦ ᠬᠦᠯᠡᠬᠦ ᠶ᠋ᠢᠨ ᠬᠠᠮᠲᠤ ᠵᠠᠯᠠᠷᠠᠵᠤ ᠶᠠᠪᠤᠯ᠎ᠠ᠃ ᠳᠠᠷᠠᠭ᠎ᠠ ᠶ᠋ᠢᠨ ᠭᠡᠷ ᠦ᠋ᠳ ᠲᠦ᠍ ᠬᠠᠲᠤᠨ ᠡᠬᠡ ᠶ᠋ᠢᠨ ᠠᠯᠪᠠᠲᠤ ᠨᠤᠭᠤᠳ᠂ ᠲᠡᠳᠡᠨ ᠦ᠌ ᠲᠣᠭᠣᠭᠠᠴᠢ ᠪᠠᠭᠤᠷᠴᠢᠳ ᠳᠠᠭᠠᠯᠳᠤᠨ ᠶᠠᠪᠤᠨ᠎ᠠ᠃ ᠠᠷᠤ ᠠ᠋ᠴᠠ ᠨᠢ ᠴᠤᠪᠤᠬᠤ ᠨᠡᠭᠦᠳᠡᠯ ᠦ᠋ᠨ ᠬᠥᠰᠬᠡ ᠶ᠋ᠢᠨ ᠶᠡᠬᠡᠩᠬᠢ ᠨᠢ ᠭᠣᠣᠯᠳᠠᠭᠤ ᠲᠡᠮᠡᠭᠡ ᠠᠵᠢ᠃ ᠬᠣᠯᠠ ᠶ᠋ᠢᠨ ᠵᠠᠮ ᠳ᠋ᠤ᠌ ᠲᠡᠰᠪᠦᠷᠢ ᠲᠡᠢ᠂ ᠡᠵᠡᠨ ᠢ᠋ᠶ᠋ᠡᠨ ᠶᠠᠪᠠᠭᠠᠯᠠᠬᠤ ᠦᠭᠡᠢ ᠢᠲᠡᠭᠡᠯᠲᠦ ᠤᠨᠤᠭ᠎ᠠ ᠪᠣᠯ ᠲᠡᠮᠡᠭᠡ ᠭᠡᠳᠡᠭ ᠢ᠋ ᠮᠣᠩᠭᠣᠯᠴᠤᠳ ᠰᠠᠢᠨ ᠮᠡᠳᠡᠨ᠎ᠡ᠃
ᠡᠴᠦᠰ ᠲᠡᠭᠦᠰᠬᠡᠯ ᠦᠭᠡᠢ ᠦᠷᠭᠦᠯᠵᠢᠯᠡᠬᠦ ᠮᠡᠲᠦ ᠡᠨᠡ ᠵᠠᠮ᠂ ᠥᠭᠰᠥᠵᠦ ᠳᠠᠪᠠᠭᠠᠳ ᠪᠠᠢᠬᠤ ᠳ᠋ᠤ᠌ ᠤᠷᠭᠤᠵᠤ ᠪᠣᠰᠤᠭᠠᠳ ᠪᠠᠢᠭ᠎ᠠ ᠮᠡᠲᠦ ᠵᠠᠬ᠎ᠠ ᠬᠢᠵᠠᠭᠠᠷ ᠦᠭᠡᠢ ᠶᠡᠬᠡ ᠠᠭᠤᠯᠠ ᠤᠰᠤ ᠶ᠋ᠢ ᠳᠠᠪᠠᠨ ᠦᠷᠭᠦᠯᠵᠢᠯᠡᠭᠰᠡᠭᠡᠷ ᠪᠠᠢᠪᠠ᠃ ᠢᠰᠯᠠᠮ ᠱᠠᠰᠢᠨᠲᠠᠨ ᠨᠤᠭᠤᠳ ᠤ᠋ᠨ ᠠᠷᠠᠯᠵᠢᠶ᠎ᠠ ᠮᠠᠢᠮᠠᠢ᠂ ᠡᠷᠳᠡᠮ ᠪᠣᠯᠪᠠᠰᠤᠷᠠᠯ ᠤ᠋ᠨ ᠥᠯᠥᠭᠡᠢ ᠪᠣᠯᠤᠭᠰᠠᠨ ᠪᠤᠬᠠᠷ ᠬᠣᠲᠠ ᠬᠡᠳᠦᠨ ᠬᠣᠨᠣᠭ ᠤ᠋ᠨ ᠵᠠᠢ ᠳ᠋ᠤ᠌ ᠢᠷᠡᠭᠡᠳᠦᠢ ᠶ᠋ᠢᠨ ᠡᠵᠡᠨ ᠢ᠋ᠶ᠋ᠡᠨ ᠬᠦᠯᠢᠶᠡᠨ ᠪᠣᠢ ᠶ᠋ᠢ ᠡᠨᠡ ᠴᠣᠪᠣᠭᠠᠨ ᠳ᠋ᠤ᠌ ᠶᠠᠪᠤᠭ᠎ᠠ ᠬᠥᠮᠦᠰ ᠯᠡ ᠮᠡᠳᠡᠵᠦ ᠪᠠᠢᠭ᠎ᠠ᠃
ᠵᠠᠬ᠎ᠠ ᠬᠢᠵᠠᠭᠠᠷ ᠦᠭᠡᠢ ᠦᠷᠭᠦᠯᠵᠢᠯᠡᠬᠦ ᠡᠵᠡᠨᠲᠦ ᠭᠦᠷᠦᠨ ᠦ᠌ ᠨᠤᠲᠤᠭ ᠡᠴᠦᠰ ᠲᠡᠭᠦᠰᠬᠡᠯ ᠦᠭᠡᠢ ᠮᠡᠲᠦ ᠰᠠᠨᠠᠭᠳᠠᠨ᠎ᠠ᠃ ᠵᠠᠮ ᠵᠠᠭᠤᠷ᠎ᠠ ᠡᠵᠡᠨᠲᠦ ᠭᠦᠷᠦᠨ ᠦ᠌ ᠠᠯᠪᠠᠲᠤ ᠨᠤᠭᠤᠳ ᠠᠯᠲᠠᠨ ᠤᠷᠤᠭ ᠤ᠋ᠨ ᠬᠠᠲᠤᠨ ᠵᠠᠯᠠᠷᠠᠨ ᠶᠠᠪᠤᠭ᠎ᠠ ᠶ᠋ᠢ ᠮᠡᠳᠡᠵᠦ᠂ ᠳᠣᠣᠷ᠎ᠠ ᠪᠦᠷᠢᠨ᠎ᠡ ᠬᠦᠨᠳᠦᠳᠬᠡᠨ ᠤᠭᠲᠤᠵᠤ᠂ ᠪᠠᠰᠠ ᠬᠦ᠌ ᠦᠳᠡᠨ ᠪᠠᠢᠭ᠎ᠠ ᠨᠢ ᠬᠠᠷᠠᠭᠳᠠᠨ᠎ᠠ᠃
ᠨᠤᠲᠤᠭ ᠠ᠋ᠴᠠ ᠪᠠᠨ ᠬᠣᠯᠠᠳᠬᠤ ᠲᠣᠰᠤᠮ ᠬᠥᠮᠦᠰ ᠦ᠋ᠨ ᠵᠢᠰᠦ ᠴᠢᠷᠠᠢ᠂ ᠦᠭᠡ ᠬᠡᠯᠡ᠂ ᠵᠠᠩ ᠵᠠᠩᠰᠢᠯ᠂ ᠠᠮᠢᠳᠤᠷᠠᠵᠤ ᠪᠠᠢᠭ᠎ᠠ ᠭᠡᠷ ᠣᠷᠣᠨ ᠥᠭᠡᠷᠡᠴᠢᠯᠡᠭᠳᠡᠭᠰᠡᠭᠡᠷ᠂ ᠲᠦᠮᠡᠨ ᠣᠯᠠᠨ ᠬᠥᠯᠬᠢᠭᠰᠡᠨ ᠠᠷᠠᠯᠵᠢᠶ᠎ᠠ ᠮᠠᠢᠮᠠᠢ ᠶ᠋ᠢᠨ ᠭᠠᠵᠠᠷ ᠪᠤᠬᠠᠷ ᠲᠤ᠌ ᠬᠥᠯ ᠲᠠᠯᠪᠢᠯ᠎ᠠ᠃ ᠥᠭᠡᠳᠡᠢ ᠬᠠᠭᠠᠨ ᠠᠮᠢᠳᠤ ᠰᠡᠷᠡᠭᠦᠨ ᠠᠬᠤᠢ ᠳ᠋ᠠᠭᠠᠨ ᠡᠨᠡ ᠭᠠᠵᠠᠷ ᠢ᠋ ᠰᠤᠷᠬᠠᠭᠲᠠᠨᠢ ᠬᠠᠲᠤᠨ ᠪᠣᠯᠤᠨ ᠲᠡᠭᠦᠨ ᠦ᠌ ᠬᠡᠦᠬᠡᠳ ᠦ᠋ᠳ ᠲᠦ᠍ ᠬᠦᠯᠢᠶᠡᠯᠭᠡᠨ ᠥᠭᠭᠦᠭᠰᠡᠨ ᠬᠡᠳᠦᠢ ᠴᠦ᠍ ᠮᠣᠩᠭᠣᠯ ᠤ᠋ᠨ ᠲᠥᠷᠥ ᠳ᠋ᠦ᠍ ᠬᠠᠲᠤᠨ ᠡᠬᠡ ᠶ᠋ᠢᠨ ᠬᠡᠷᠡᠭ ᠶᠡᠬᠡ ᠪᠠᠢᠭᠰᠠᠨ ᠲᠤᠯᠠ ᠨᠠᠭᠠᠰᠢ ᠭᠠᠷᠴᠤ ᠵᠠᠪᠳᠤᠬᠤ ᠦᠭᠡᠢ ᠪᠠᠢᠭᠰᠠᠭᠠᠷ ᠬᠡᠳᠦᠨ ᠵᠢᠯ ᠦ᠋ᠨ ᠳᠠᠷᠠᠭ᠎ᠠ ᠪᠠᠷᠠᠯᠬᠠᠨ ᠢᠷᠡᠵᠦ ᠪᠣᠢ ᠨᠢ ᠡᠨᠡ ᠶᠦᠮ᠃ ᠨᠢᠭᠡᠨ ᠴᠠᠭ ᠲᠤ᠌ ᠬᠦᠦ ᠬᠤᠪᠢᠯᠠᠢ ᠪᠠᠨ ᠣᠭᠲᠣ ᠲᠠᠨᠢᠬᠤ ᠦᠭᠡᠢ ᠬᠥᠮᠦᠰ ᠦ᠋ᠨ ᠳᠤᠮᠳᠠ ᠣᠷᠬᠢᠭᠠᠳ ᠶᠠᠪᠤᠵᠤ ᠪᠠᠢᠭᠰᠠᠨ ᠰᠢᠭ᠋ ᠰᠤᠷᠬᠠᠭᠲᠠᠨᠢ ᠬᠠᠲᠤᠨ ᠡᠨᠡ ᠭᠠᠵᠠᠷ ᠤ᠋ᠨ ᠬᠡᠷᠡᠭ ᠢ᠋ ᠬᠦᠦ ᠬᠥᠯᠡᠬᠦ ᠳ᠋ᠡᠭᠡᠨ ᠬᠦᠯᠢᠶᠡᠯᠭᠡᠨ ᠥᠭᠭᠦᠭᠡᠳ ᠪᠤᠴᠠᠬᠤ ᠵᠣᠷᠢᠯᠭ᠎ᠠ ᠲᠠᠢ ᠪᠠᠢᠪᠠ᠃
ᠬᠠᠲᠤᠨ ᠢ᠋ ᠲᠣᠰᠣᠨ ᠠᠪᠴᠤ ᠠᠭᠤᠯᠵᠠᠭᠰᠠᠨ ᠠᠩᠬᠠᠨ ᠤ᠋ ᠬᠥᠮᠦᠨ ᠪᠣᠯ ᠰᠤᠷᠬᠠᠭᠲᠠᠨᠢ ᠶ᠋ᠢ ᠪᠤᠬᠠᠷ ᠬᠣᠲᠠ ᠳ᠋ᠤ᠌ ᠤᠭᠲᠤᠨ ᠬᠦᠯᠢᠶᠡᠵᠦ ᠪᠠᠢᠭᠰᠠᠨ ᠳᠣᠷᠣᠨᠠᠲᠤ ᠢᠷᠡᠨ ᠦ᠌ ᠬᠡᠷᠡᠭ ᠢ᠋ ᠵᠠᠰᠠᠭᠴᠢ ᠡᠷᠬᠢᠮ ᠺᠣᠷᠭᠤᠽ ᠨᠣᠶᠠᠨᠲᠠᠨ ᠪᠠᠢᠯ᠎ᠠ᠃ ᠠᠯᠯᠠᠾ ᠲᠩᠷᠢ ᠶ᠋ᠢᠨ ᠨᠡᠷ᠎ᠡ ᠪᠡᠷ ᠮᠡᠨᠳᠦ ᠮᠡᠳᠡᠨ ᠠᠭᠤᠯᠵᠠᠭᠰᠠᠨ ᠡᠨᠡ ᠡᠷᠬᠢᠮ᠂
— ᠬᠠᠲᠤᠨ ᠲᠠᠨ ᠤ᠋ ᠲᠤᠬᠠᠢ ᠳᠣᠮᠣᠭ ᠮᠡᠲᠦ ᠶᠠᠷᠢᠶ᠎ᠠ ᠶ᠋ᠢ ᠲᠠᠯ᠎ᠠ ᠨᠤᠲᠤᠭ ᠠ᠋ᠴᠠ ᠢᠷᠡᠭᠰᠡᠨ ᠯᠠᠯᠤ ᠶ᠋ᠢᠨ ᠮᠥᠷᠭᠥᠯᠴᠢᠳ ᠠᠮᠠ ᠪᠤᠯᠢᠶᠠᠯᠳᠤᠨ ᠶᠠᠷᠢᠯᠴᠠᠬᠤ ᠲᠤᠯᠠ ᠡᠷᠬᠢᠮ ᠬᠠᠲᠤᠨ ᠳ᠋ᠤ᠌ ᠪᠠᠷᠠᠯᠬᠠᠨ ᠡᠨᠳᠡ ᠠᠭᠤᠯᠵᠠᠬᠤ ᠵᠠᠪᠰᠢᠶᠠᠨ ᠭᠠᠷᠤᠯ᠎ᠠ ᠭᠡᠮᠡᠨ ᠢᠷᠡᠭᠡᠳ ᠬᠦᠯᠢᠶᠡᠵᠦ ᠪᠠᠢᠯ᠎ᠠ ᠭᠡᠬᠦ ᠳ᠋ᠦ᠍᠂
— ᠺᠣᠷᠭᠤᠽ ᠨᠣᠶᠠᠨᠲᠠᠨ ᠲᠠᠨ ᠤ᠋ ᠠᠯᠳᠠᠷ ᠨᠡᠷ᠎ᠡ ᠶ᠋ᠢ ᠴᠦ᠍ ᠲᠠᠯ᠎ᠠ ᠨᠤᠲᠤᠭ ᠳᠠᠶᠠᠭᠠᠷ ᠰᠣᠨᠣᠰᠤᠨ ᠪᠠᠬᠠᠳᠤᠵᠤ ᠪᠠᠢᠳᠠᠭ ᠲᠤᠯᠠ ᠬᠦᠨᠳᠦᠳᠬᠡᠯ ᠦᠵᠡᠭᠦᠯᠦᠨ᠂ ᠰᠣᠶᠣᠷᠬᠠᠬᠤ ᠬᠡᠷᠡᠭ ᠶᠠᠭᠤ ᠪᠢᠯᠡ᠃ ᠥᠭᠡᠳᠡᠢ ᠬᠠᠭᠠᠨ ᠤ᠋ ᠦᠶ᠎ᠡ ᠡᠴᠡ ᠶᠡᠬᠡ ᠮᠣᠩᠭᠣᠯ ᠤ᠋ᠨ ᠲᠥᠷᠥ ᠳ᠋ᠦ᠍ ᠦᠨᠡᠨᠴᠢ ᠪᠡᠷ ᠵᠢᠳᠬᠦᠭᠰᠡᠨ ᠡᠷᠬᠢᠮ ᠭᠠᠪᠢᠶ᠎ᠠ ᠲᠠᠢ ᠬᠥᠮᠦᠨ ᠪᠢᠯᠡ ᠲᠠ ᠭᠡᠮᠡᠨ ᠥᠪᠡᠷ ᠡᠴᠡ ᠠᠬᠠᠮᠠᠳ ᠨᠠᠰᠤ ᠲᠠᠢ ᠺᠣᠷᠭᠤᠽ ᠨᠣᠶᠠᠨᠲᠠᠨ ᠳ᠋ᠤ᠌ ᠬᠡᠯᠡᠵᠦ ᠰᠣᠶᠣᠷᠬᠠᠬᠤ ᠬᠡᠷᠡᠭ ᠦᠭᠡᠢ ᠶ᠋ᠢ ᠰᠠᠨᠠᠭᠤᠯᠤᠨ ᠬᠡᠯᠡᠬᠦ ᠳ᠋ᠦ᠍ ᠺᠤᠷᠭᠤᠽ ᠨᠣᠶᠠᠨᠲᠠᠨ᠂ ᠬᠠᠲᠤᠨᠲᠠᠨ ᠢ᠋ ᠤᠭᠲᠤᠨ ᠢᠷᠡᠭᠰᠡᠨ ᠬᠥᠮᠦᠰ ᠢ᠋ ᠲᠡᠭᠦᠨ ᠳ᠋ᠦ᠍ ᠲᠠᠨᠢᠯᠴᠠᠭᠤᠯᠤᠯ᠎ᠠ᠃
— ᠬᠠᠲᠤᠨᠲᠠᠨ ᠪᠣᠯᠭᠣᠭᠠᠨ᠎ᠠ ᠤᠤ᠃ ᠡᠨᠡ ᠬᠥᠮᠦᠰ ᠪᠣᠯ ᠪᠠᠬᠠᠷᠽ ᠨᠤᠲᠤᠭ ᠤ᠋ᠨ ᠰᠢᠳᠤᠷᠭᠤ ᠵᠢᠷᠤᠮ ᠱᠸᠢᠾ ᠥᠯᠢ ᠢᠰᠯᠠᠮ᠂ ᠮᠥᠨ ᠪᠤᠬᠠᠷ ᠬᠣᠲᠠ ᠶ᠋ᠢᠨ ᠬᠡᠷᠡᠭ ᠢ᠋ ᠲᠦᠷ ᠬᠠᠮᠢᠶᠠᠷᠴᠤ ᠪᠣᠢ ᠰᠠᠶ᠋ᠢᠹ ᠠᠳ᠋ ᠳ᠋ᠢᠨ ᠨᠠᠷ ᠶᠤᠮ᠃ ᠲᠡᠳᠡ ᠬᠠᠲᠤᠨ ᠲᠠᠨ ᠳ᠋ᠤ᠌ ᠬᠦᠨᠳᠦᠳᠬᠡᠯ ᠦᠵᠡᠭᠦᠯᠦᠨ ᠤᠭᠲᠤᠨ ᠠᠪᠬᠤ ᠪᠠᠷ ᠢᠷᠡᠭᠰᠡᠨ ᠪᠠᠢᠨ᠎ᠠ ᠭᠡᠪᠡ᠃
ᠰᠤᠷᠬᠠᠭᠲᠠᠨᠢ ᠶ᠋ᠢ ᠤᠭᠲᠤᠨ ᠠᠪᠤᠭᠰᠠᠨ ᠬᠥᠮᠦᠰ ᠬᠠᠲᠤᠨᠲᠠᠨ ᠳ᠋ᠤ᠌ ᠭᠦᠨ ᠬᠦᠨᠳᠦᠳᠬᠡᠯ ᠢᠯᠡᠷᠬᠡᠢᠯᠡᠭᠡᠳ᠂ ᠤᠷᠲᠤ ᠦᠷᠭᠦᠭᠡᠨ ᠳ᠋ᠡᠭᠡᠨ ᠪᠠᠷᠠᠯᠬᠠᠬᠤ ᠶ᠋ᠢ ᠬᠦᠰᠡᠪᠡ᠃
ᠬᠠᠲᠤᠨ ᠦᠷᠭᠦᠭᠡᠨ ᠳ᠋ᠦ᠍ ᠣᠷᠣᠮᠠᠭᠴᠠ ᠲᠠᠯ᠎ᠠ ᠨᠤᠲᠤᠭ ᠲᠤ᠌ ᠰᠠᠷᠲᠠᠭᠤᠯ᠂ ᠫᠧᠷᠰ ᠡᠴᠡ ᠢᠷᠡᠳᠡᠭ ᠡᠷᠢᠶᠡᠨ ᠠᠯᠠᠭ ᠬᠡ ᠲᠡᠢ ᠬᠡᠪᠢᠰᠦᠨ ᠳᠡᠭᠡᠭᠦᠷ ᠠᠯᠬᠤᠨ᠂ ᠦᠷᠭᠦᠭᠡᠨ ᠦ᠌ ᠬᠣᠢᠮᠣᠷ ᠲᠤ᠌ ᠣᠴᠢᠵᠤ ᠲᠤᠬᠠᠯᠠᠯᠠ᠃ ᠦᠷᠭᠦᠭᠡᠨ ᠦ᠌ ᠭᠣᠣᠯ ᠳ᠋ᠤ᠌ ᠬᠣᠶᠠᠷ ᠶᠡᠬᠡ ᠪᠠᠭᠠᠨ᠎ᠠ ᠪᠠᠢᠬᠤ ᠠᠭᠠᠳ ᠲᠡᠭᠦᠨ ᠳᠡᠭᠡᠷ᠎ᠡ ᠠᠷᠠᠪ ᠦᠰᠦᠭ ᠢ᠋ ᠠᠯᠲᠠᠨ ᠰᠢᠷ᠎ᠠ ᠥᠩᠭᠡ ᠪᠡᠷ ᠤᠭᠠᠯᠵᠠᠷᠠᠭᠤᠯᠤᠨ ᠪᠢᠴᠢᠭᠰᠡᠨ ᠬᠠᠷᠠᠭᠳᠠᠨ᠎ᠠ᠃ ᠬᠠᠲᠤᠨ ᠡᠬᠡ ᠣᠷᠴᠢᠨ ᠤ᠋ ᠪᠠᠢᠳᠠᠯ ᠢ᠋ ᠠᠩᠵᠠᠭᠠᠷᠠᠨ ᠬᠠᠷᠠᠭᠠᠳ᠂
— ᠡᠷᠳᠡᠮ ᠦ᠋ᠨ ᠬᠣᠲᠠ ᠪᠤᠬᠠᠷ ᠭᠡᠵᠦ ᠡᠵᠡᠨ ᠬᠠᠭᠠᠨ ᠤ᠋ ᠦᠶ᠎ᠡ ᠡᠴᠡ ᠬᠡᠯᠡᠯᠴᠡᠬᠦ ᠪᠣᠯᠤᠭᠰᠠᠨ ᠡᠨᠡ ᠭᠠᠵᠠᠷ ᠲᠤ᠌ ᠬᠥᠯ ᠲᠠᠯᠪᠢᠵᠤ ᠦᠵᠡᠬᠦ ᠰᠠᠨ ᠭᠡᠵᠦ ᠪᠣᠳᠣᠵᠤ ᠶᠠᠪᠤᠭᠰᠠᠨ ᠶᠤᠮ᠃ ᠬᠠᠷᠢᠨ ᠵᠠᠮ ᠵᠠᠭᠤᠷ᠎ᠠ ᠳ᠋ᠤ᠌ ᠬᠥᠮᠦᠰ ᠦ᠋ᠨ ᠪᠠᠢᠷᠢ ᠪᠠᠢᠳᠠᠯ ᠢ᠋ ᠠᠵᠢᠭᠯᠠᠨ ᠬᠠᠷᠠᠪᠠᠯ ᠡᠷᠳᠡᠮ ᠨᠣᠮ ᠤ᠋ᠨ ᠬᠣᠲᠠ ᠭᠡᠬᠦ ᠡᠴᠡ ᠢᠯᠡᠭᠦᠦ ᠲᠡᠢ ᠠᠷᠠᠯᠵᠢᠶ᠎ᠠ ᠮᠠᠢᠮᠠᠢ ᠶ᠋ᠢᠨ ᠭᠠᠵᠠᠷ ᠰᠢᠭ᠋ ᠰᠠᠨᠠᠭᠳᠠᠯ᠎ᠠ᠃
ᠦᠯᠢ ᠢᠰᠯᠠᠮ ᠨᠠᠷ ᠭᠡᠷᠡᠯᠲᠦᠭᠰᠡᠨ ᠬᠦᠷᠡᠩ ᠥᠩᠭᠡ ᠲᠡᠢ ᠨᠢᠳᠦ ᠪᠡᠨ ᠣᠨᠢᠢᠯᠭᠠᠨ ᠬᠠᠲᠤᠨ ᠡᠬᠡ ᠶ᠋ᠢᠨ ᠶᠠᠷᠢᠶ᠎ᠠ ᠶ᠋ᠢ ᠰᠣᠨᠣᠰᠴᠤ ᠰᠠᠭᠤᠭᠰᠠᠨ ᠢ᠋ᠶ᠋ᠠᠨ᠂
— ᠥᠨᠥ ᠴᠠᠭ ᠲᠤ᠌ ᠡᠨᠳᠡᠬᠢ ᠶ᠋ᠢᠨ ᠬᠥᠮᠦᠰ ᠡᠷᠳᠡᠮ ᠨᠣᠮ ᠠ᠋ᠴᠠ ᠢᠯᠡᠭᠦᠦ ᠲᠡᠢ ᠠᠷᠠᠯᠵᠢᠶ᠎ᠠ ᠮᠠᠢᠮᠠᠢ ᠬᠢᠵᠦ᠂ ᠠᠮᠢᠳᠤᠷᠠᠯ ᠠᠬᠤᠢ ᠪᠠᠨ ᠵᠠᠯᠭᠠᠭᠤᠯᠬᠤ ᠪᠣᠯᠤᠭᠰᠠᠨ᠃ ᠨᠢᠭᠡᠨ ᠴᠠᠭ ᠤ᠋ᠨ ᠡᠷᠳᠡᠮ ᠦ᠋ᠨ ᠬᠣᠲᠠ ᠥᠨᠥ ᠤᠯᠠᠮᠵᠢᠯᠠᠯ ᠢ᠋ᠶ᠋ᠠᠨ ᠪᠠᠭ᠎ᠠ ᠪᠠᠭ᠎ᠠ ᠪᠠᠷ ᠠᠯᠳᠠᠭᠰᠠᠭᠠᠷ ᠯᠠ ᠪᠠᠢᠨ᠎ᠠ᠃ ᠬᠠᠭᠠᠨᠲᠤ ᠲᠥᠷᠥ ᠡᠴᠡ ᠠᠪᠬᠤ ᠲᠠᠲᠠᠪᠤᠷᠢ ᠡᠳᠦᠷ ᠡᠳᠦᠷ ᠢ᠋ᠶ᠋ᠡᠷ ᠨᠡᠮᠡᠭᠳᠡᠭᠰᠡᠭᠡᠷ ᠪᠠᠢᠬᠤ ᠲᠤᠯᠠ ᠦᠷ᠎ᠡ ᠬᠡᠦᠬᠡᠳ ᠲᠡᠭᠡᠨ ᠡᠷᠳᠡᠮ ᠨᠣᠮ ᠵᠢᠭᠠᠵᠤ ᠰᠠᠭᠤᠬᠤ ᠴᠠᠭ ᠵᠠᠪ ᠪᠢᠳᠡᠨ ᠳ᠋ᠦ᠍ ᠦᠭᠡᠢ ᠪᠣᠯᠤᠭᠠᠳ ᠪᠠᠢᠨ᠎ᠠ ᠭᠡᠵᠦ ᠬᠡᠯᠡᠭᠡᠳ ᠰᠠᠨᠠᠭ᠎ᠠ ᠠᠯᠳᠠᠬᠤ ᠨᠢ ᠲᠡᠳᠡᠨ ᠳ᠋ᠦ᠍ ᠴᠦ᠍ ᠮᠥᠨ ᠬᠡᠴᠡᠭᠦᠬᠡᠨ ᠴᠠᠭ ᠢᠷᠡᠭᠡᠳ ᠪᠠᠢᠭ᠎ᠠ ᠶ᠋ᠢ ᠬᠠᠷᠠᠭᠤᠯᠤᠨ᠎ᠠ᠃ ᠦᠯᠢ ᠢᠰᠯᠠᠮ ᠦᠷᠭᠦᠯᠵᠢᠯᠡᠭᠦᠯᠦᠨ᠂
— ᠯᠠᠯᠤ ᠶ᠋ᠢᠨ ᠱᠠᠰᠢᠨᠲᠤ ᠪᠤᠰᠤᠳ ᠬᠣᠲᠠ ᠨᠤᠭᠤᠳ ᠢ᠋ ᠪᠣᠳᠣᠪᠠᠯ ᠮᠠᠨ ᠤ᠋ ᠬᠣᠲᠠ ᠳ᠋ᠤ᠌ ᠭᠠᠷ ᠤ᠋ᠨ ᠤᠷ᠎ᠠ ᠳᠦᠢᠲᠡᠢ ᠬᠥᠮᠦᠰ ᠣᠯᠠᠨ ᠪᠣᠯᠬᠣᠷ ᠭᠠᠷ ᠤᠷᠠᠯᠠᠯ ᠤ᠋ᠨ ᠵᠦᠢᠯ᠂ ᠡᠯᠳᠡᠪ ᠴᠠᠮᠢᠨ ᠡᠳ᠋ ᠬᠡᠷᠡᠭᠯᠡᠯ ᠬᠢᠵᠦ ᠬᠤᠳᠠᠯᠳᠤᠭᠠᠴᠢᠳ ᠲᠤ ᠨᠡᠢᠯᠡᠭᠦᠯᠳᠡᠭ ᠶᠦ᠍ᠮ᠃ ᠭᠡᠰᠡᠨ ᠬᠡᠳᠦᠢ ᠴᠦ᠍ ᠪᠢᠳᠡᠨ ᠦ᠌ ᠠᠷᠠᠯᠵᠢᠬᠤ ᠵᠦᠢᠯ ᠢ᠋ ᠬᠤᠳᠠᠯᠳᠤᠭᠠᠴᠢᠳ ᠦᠯᠡᠮᠵᠢ ᠬᠢᠮᠳᠠ ᠦᠨ᠎ᠡ ᠪᠡᠷ ᠠᠪᠴᠤ ᠪᠠᠢᠭ᠎ᠠ ᠲᠤᠯᠠ ᠥᠨᠥ ᠮᠠᠷᠭᠠᠰᠢ ᠪᠠᠨ ᠯᠠ ᠵᠠᠯᠭᠠᠭᠤᠯᠵᠤ ᠰᠠᠭᠤᠨ᠎ᠠ ᠭᠡᠮᠡᠨ ᠪᠠᠢᠳᠠᠯ ᠢ᠋ᠶ᠋ᠠᠨ ᠲᠣᠭᠠᠴᠢᠨ᠎ᠠ᠃ ᠰᠢᠨ᠎ᠡ ᠡᠵᠡᠳ ᠢ᠋ᠶ᠋ᠡᠨ ᠤᠭᠲᠤᠵᠤ ᠪᠠᠢᠭ᠎ᠠ ᠬᠥᠮᠦᠰ ᠦ᠋ᠨ ᠶᠠᠷᠢᠶ᠎ᠠ ᠶ᠋ᠢ ᠰᠣᠷᠬᠠᠭᠲᠠᠨᠢ ᠬᠠᠲᠤᠨ ᠰᠣᠨᠣᠰᠤᠩᠭᠠᠨ ᠪᠠᠰᠠ ᠯᠠ ᠲᠣᠯᠣᠭᠠᠢ ᠡᠪᠡᠳᠬᠡᠭᠰᠡᠨ ᠶᠡᠬᠡ ᠠᠵᠢᠯ ᠬᠦᠦ ᠶ᠋ᠢ ᠨᠢ ᠬᠦᠯᠢᠶᠡᠵᠦ ᠪᠠᠢᠭ᠎ᠠ ᠶ᠋ᠢ ᠣᠢᠯᠠᠭᠠᠯ᠎ᠠ᠃
—ᠨᠢᠭᠡᠨᠲᠡ ᠥᠪᠡᠷ ᠦ᠋ᠨ ᠭᠠᠵᠠᠷ ᠢ᠋ ᠵᠠᠰᠠᠨ ᠰᠠᠭᠤᠬᠤ ᠪᠠᠷ ᠢᠷᠡᠭᠰᠡᠨ ᠲᠤᠯᠠ ᠡᠨᠡ ᠭᠠᠵᠠᠷ ᠤ᠋ᠨ ᠬᠡᠷᠡᠭ ᠢ᠋ ᠬᠡᠷᠬᠢᠨ ᠶᠠᠪᠤᠭᠤᠯᠵᠤ᠂ ᠶᠠᠭᠠᠬᠢᠪᠠᠯ ᠲᠠᠭᠠᠲᠠᠢ ᠠᠮᠢᠳᠤᠷᠠᠵᠤ ᠪᠣᠯᠬᠤ ᠪᠣᠯᠤᠮᠵᠢ ᠲᠠᠢ ᠶ᠋ᠢ ᠠᠷᠠᠳ ᠲᠦᠮᠡᠨ ᠦ᠌ ᠡᠮᠦᠨ᠎ᠡ ᠨᠡᠭᠡᠭᠡᠨ ᠥᠭᠬᠦ ᠨᠢ ᠪᠢᠳᠡᠨ ᠦ᠌ ᠡᠭᠦᠷᠭᠡ᠃ ᠡᠨᠡ ᠭᠠᠵᠠᠷ ᠢ᠋ ᠵᠠᠰᠠᠭᠠᠳ ᠪᠢ ᠥᠪᠡᠷ ᠦ᠋ᠨ ᠬᠦᠦ ᠬᠦᠯᠡᠬᠦ ᠶ᠋ᠢ ᠦᠯᠡᠳᠡᠭᠡᠨ ᠲᠠᠯ᠎ᠠ ᠨᠤᠲᠤᠭ ᠤᠷᠤᠭᠤ ᠪᠠᠨ ᠪᠤᠴᠠᠬᠤ ᠤᠴᠢᠷ ᠲᠠᠢ ᠭᠡᠪᠡ᠃ ᠺᠣᠷᠭᠤᠽ ᠨᠣᠶᠠᠨ ᠶᠠᠩᠬᠢᠭᠠᠷ ᠴᠡᠭᠡᠵᠢᠨ ᠳᠡᠭᠡᠷ᠎ᠡ ᠪᠡᠨ ᠭᠠᠷ ᠢ᠋ᠶ᠋ᠠᠨ ᠳᠠᠷᠤᠭᠠᠳ᠄
— ᠠᠯᠯᠠᠾ ᠲᠡᠭᠷᠢ᠃ ᠳᠣᠷᠣᠨᠠᠲᠤ ᠢᠷᠡᠨ ᠳ᠋ᠦ᠍ ᠴᠤ ᠪᠠᠢᠳᠠᠯ ᠡᠢᠮᠦ ᠪᠠᠢᠨ᠎ᠠ᠃ᠠᠷᠠᠳ ᠣᠯᠠᠨ ᠤ᠋ ᠨᠢᠷᠤᠭᠤᠨ ᠳᠡᠭᠡᠷ᠎ᠡ ᠢᠷᠡᠬᠦ ᠠᠯᠪᠠ ᠲᠠᠲᠠᠪᠤᠷᠢ ᠶ᠋ᠢᠨ ᠠᠴᠢᠶ᠎ᠠ ᠬᠢᠷᠢ ᠡᠴᠡ ᠬᠡᠲᠦᠷᠡᠵᠦ ᠪᠠᠢᠨ᠎ᠠ᠃ᠵᠠᠨᠳᠠᠯᠴᠢᠨ ᠮᠡᠲᠦ ᠠᠭᠠᠰᠢᠯᠠᠬᠤ ᠲᠠᠲᠠᠪᠤᠷᠢ ᠬᠤᠷᠢᠶᠠᠭᠴᠢᠳ ᠡᠵᠡᠨᠲᠦ ᠭᠦᠷᠦᠨ ᠦ᠌ ᠨᠤᠲᠤᠭ ᠠ᠋ᠴᠠ ᠢᠷᠡᠵᠦ ᠬᠤᠷᠢᠶᠠᠵᠤ ᠴᠤᠭᠯᠠᠭᠤᠯᠤᠭᠰᠠᠨ ᠪᠦᠬᠦᠨ ᠢ᠋ ᠴᠥᠯᠪᠡᠨ ᠣᠳᠬᠤ ᠲᠤᠯᠠ ᠡᠨᠳᠡ ᠪᠠᠢᠭ᠎ᠠ ᠢᠷᠭᠡᠳ ᠬᠡᠷᠬᠢᠨ ᠠᠵᠤ ᠲᠥᠷᠥᠬᠦ ᠪᠢᠯᠡ᠃ ᠲᠠᠯ᠎ᠠ ᠨᠤᠲᠤᠭ ᠠ᠋ᠴᠠ ᠳᠣᠷᠣᠨᠠᠲᠤ ᠢᠷᠡᠨ ᠦ᠌ ᠬᠡᠷᠡᠭ ᠢ᠋ ᠵᠠᠰᠠᠵᠤ ᠪᠠᠢᠭ᠎ᠠ ᠨᠠᠮᠠᠶ᠋ᠢ ᠳᠦᠷᠭᠡᠨ᠎ᠡ ᠶᠡᠬᠡ ᠬᠠᠲᠤᠨ ᠳᠠᠭᠤᠳᠠᠭᠤᠯᠤᠭᠰᠠᠨ ᠤᠴᠢᠷ ᠢ᠋ ᠲᠠᠨ ᠠ᠋ᠴᠠ ᠯᠠᠪᠯᠠᠨ ᠠᠰᠠᠭᠤᠬᠤ ᠪᠠᠷ ᠬᠦᠯᠢᠶᠡᠵᠦ ᠪᠠᠢᠯ᠎ᠠ ᠭᠡᠪᠡ᠃
— ᠳᠦᠷᠭᠡᠨ᠎ᠡ ᠶᠡᠬᠡ ᠬᠠᠲᠤᠨ ᠳᠠᠭᠤᠳᠠᠭᠤᠯᠤᠭᠰᠠᠨ ᠬᠡᠷᠡᠭ ᠤᠤ᠃ᠨᠠᠭᠠᠰᠢ ᠭᠠᠷᠬᠤ ᠳ᠋ᠤ᠌ ᠡᠢᠮᠦ ᠵᠦᠢᠯ ᠰᠣᠨᠣᠰᠤᠭᠰᠠᠨ ᠦᠭᠡᠢ ᠲᠤᠯᠠ ᠨᠡᠭᠦᠳᠡᠯᠯᠡᠵᠦ ᠶᠠᠪᠤᠬᠤ ᠳ᠋ᠤ᠌ ᠥᠷᠲᠡᠭᠡᠯᠡᠭᠰᠡᠨ ᠬᠡᠯᠡ ᠬᠠᠵᠠᠭᠤ ᠪᠠᠷ ᠥᠩᠭᠡᠷᠡᠭᠰᠡᠨ ᠪᠣᠯᠤᠯᠲᠠᠢ᠃ ᠺᠣᠷᠭᠤᠽ ᠨᠣᠶᠠᠨᠲᠠᠨ ᠪᠣᠳᠣᠯ ᠳ᠋ᠤ᠌ ᠠᠪᠲᠠᠨ ᠰᠠᠭᠤᠨ᠎ᠠ᠃
—ᠶᠠᠮᠠᠷ ᠲᠠᠢ ᠴᠤ᠌ ᠭᠡᠰᠡᠨ ᠬᠠᠲᠤᠨ ᠳ᠋ᠤ᠌ ᠪᠠᠷᠠᠯᠬᠠᠬᠤ ᠰᠠᠨᠠᠭ᠎ᠠ ᠲᠠᠢ ᠪᠠᠢᠨ᠎ᠠ᠃ᠤᠷᠲᠤ ᠬᠣᠯᠠ ᠶ᠋ᠢᠨ ᠵᠠᠮ ᠳ᠋ᠤ᠌ ᠪᠡᠯᠡᠳᠬᠦ ᠴᠠᠭ ᠪᠣᠯᠵᠠᠢ ᠭᠡᠮᠡᠨ ᠥᠪᠡᠷ ᠲᠡᠢ ᠪᠡᠨ ᠶᠠᠷᠢᠭᠠᠳ ᠪᠠᠢᠭ᠎ᠠ᠂ ᠬᠠᠲᠤᠨ ᠳ᠋ᠤ᠌ ᠬᠡᠯᠡᠭᠡᠳ ᠪᠠᠢᠭ᠎ᠠ ᠬᠣᠶᠠᠷ ᠤ᠋ᠨ ᠵᠠᠪᠰᠠᠷ ᠢ᠋ᠶ᠋ᠠᠷ ᠥᠭᠦᠯᠡᠯ᠎ᠡ᠃ ᠰᠤᠷᠬᠠᠭᠲᠠᠨᠢ ᠬᠠᠲᠤᠨ ᠺᠣᠷᠭᠤᠽ ᠨᠣᠶᠠᠨ ᠢ᠋ ᠲᠠᠯ᠎ᠠ ᠨᠤᠲᠤᠭ ᠲᠤ ᠳᠠᠭᠤᠳᠠᠭᠤᠯᠤᠭᠰᠠᠨ ᠤ᠋ ᠤᠴᠢᠷ ᠢ᠋ ᠭᠠᠢᠬᠠᠰᠢᠷᠠᠨ ᠪᠠᠢᠯ᠎ᠠ᠃《ᠳᠦᠷᠭᠡᠨ᠎ᠡ ᠶᠡᠬᠡ ᠬᠠᠲᠤᠨ ᠡᠨᠡ ᠪᠦᠬᠦᠨ ᠢ᠋ ᠬᠢᠭᠡᠳ ᠪᠠᠢᠨ᠎ᠠ ᠤᠤ᠂ ᠠᠯᠢ ᠡᠰᠡᠪᠡᠯ ᠲᠡᠭᠦᠨ ᠦ᠌ ᠨᠡᠷ᠎ᠡ ᠶ᠋ᠢ ᠪᠠᠷᠢᠭᠰᠠᠨ ᠥᠭᠡᠷ᠎ᠡ ᠬᠥᠮᠦᠰ ᠦ᠋ᠨ ᠶᠠᠪᠤᠭᠤᠯᠭ᠎ᠠ ᠤᠤ᠃ᠬᠠᠮᠢᠭ᠎ᠠ ᠨᠢ ᠴᠦ᠍ ᠣᠴᠢᠭᠰᠠᠨ ᠠᠳᠠᠯᠢᠬᠠᠨ ᠦᠭᠡ ᠰᠣᠨᠣᠰᠴᠤ ᠪᠠᠢᠭ᠎ᠠ ᠨᠢ ᠬᠠᠭᠠᠨᠲᠤ ᠲᠥᠷᠥ ᠶ᠋ᠢᠨ ᠳᠠᠷᠤᠮᠲᠠ ᠡᠵᠡᠨᠲᠦ ᠭᠦᠷᠦᠨ ᠢ᠋ ᠪᠦᠬᠦᠯᠢ ᠳ᠋ᠦ᠍ ᠨᠢ ᠨᠥᠮᠥᠷᠴᠡᠢ》ᠭᠡᠮᠡᠨ ᠪᠣᠳᠣᠵᠤ ᠰᠠᠭᠤᠯ᠎ᠠ᠃ ᠰᠠᠢᠹ ᠠᠳ᠋ ᠳ᠋ᠢᠨ ᠦᠷᠭᠦᠭᠡᠨ ᠳ᠋ᠦ᠍ ᠪᠠᠢᠭ᠎ᠠ ᠬᠥᠮᠦᠰ ᠦ᠋ᠨ ᠳᠤᠮᠳᠠ ᠠ᠋ᠴᠠ ᠶᠠᠷᠢᠶᠠᠨ ᠳ᠋ᠤ᠌ ᠣᠷᠣᠯᠴᠠᠨ᠂
— ᠺᠣᠷᠭᠤᠽ ᠨᠣᠶᠠᠨᠲᠠᠨ ᠥᠭᠡᠳᠡᠢ ᠬᠠᠭᠠᠨ ᠤ᠋ ᠢᠲᠡᠭᠡᠮᠵᠢᠲᠦ ᠬᠥᠮᠦᠨ ᠦ᠌ ᠬᠤᠪᠢ ᠪᠠᠷ ᠥᠪᠡᠷ ᠦ᠋ᠨ ᠭᠠᠵᠠᠷ ᠣᠷᠣᠨ ᠢ᠋ ᠵᠠᠰᠠᠵᠤ ᠪᠠᠢᠭ᠎ᠠ ᠪᠢᠯᠡ᠃ᠡᠨᠡ ᠬᠥᠮᠦᠨ ᠬᠠᠭᠠᠨ ᠤ᠋ ᠬᠠᠲᠤᠨ ᠤ᠋ ᠵᠦᠭ ᠡᠴᠡ ᠢᠷᠡᠭᠰᠡᠨ ᠠᠯᠪᠠ ᠲᠠᠲᠠᠪᠤᠷᠢ ᠬᠤᠷᠢᠶᠠᠭᠴᠢ ᠶ᠋ᠢ《ᠥᠪᠡᠷ ᠦ᠋ᠨ ᠭᠠᠵᠠᠷ ᠤ᠋ᠨ ᠬᠡᠷᠡᠭ ᠢ᠋ ᠥᠪᠡᠷ ᠦ᠋ᠨ ᠪᠡᠶ᠎ᠡ ᠪᠡᠷ ᠰᠢᠢᠳᠦᠨ ᠶᠠᠪᠤᠭᠤᠯᠬᠤ ᠲᠤᠯᠠ ᠰᠠᠨᠠᠭ᠎ᠠ ᠠᠮᠤᠷ ᠪᠤᠴᠠ》 ᠭᠡᠮᠡᠨ ᠶᠠᠪᠤᠭᠤᠯᠤᠭᠰᠠᠨ ᠲᠤᠯᠠ ᠵᠠᠷᠭᠤ ᠠᠰᠠᠭᠤᠬᠤ ᠪᠠᠷ ᠳᠠᠭᠤᠳᠠᠭᠤᠯᠤᠭᠰᠠᠨ ᠪᠠᠢᠵᠤ ᠮᠠᠭᠠᠳ ᠦᠭᠡᠢ ᠭᠡᠵᠦ ᠪᠢᠳᠡ ᠰᠡᠳᠬᠢᠵᠦ ᠪᠠᠢᠨ᠎ᠠ ᠭᠡᠵᠦ ᠬᠡᠯᠡᠬᠦ ᠳ᠋ᠦ᠍ ᠰᠣᠷᠬᠠᠭᠲᠠᠨᠢ ᠬᠠᠲᠤᠨ᠄
— ᠡᠨᠡ ᠪᠠᠢᠳᠠᠯ ᠤᠳᠠᠭᠠᠨ ᠦᠷᠭᠦᠯᠵᠢᠯᠡᠬᠦ ᠦᠭᠡᠢ᠂ ᠲᠤᠩ ᠤᠳᠠᠬᠤ ᠦᠭᠡᠢ ᠶᠡᠬᠡ ᠮᠣᠩᠭᠣᠯ ᠤ᠋ᠨ ᠬᠠᠭᠠᠨ ᠡᠵᠡᠨ ᠰᠡᠨᠳᠡᠢ ᠳ᠋ᠡᠭᠡᠨ ᠵᠠᠯᠠᠷᠠᠵᠤ ᠲᠥᠷᠥ ᠲᠦᠪᠰᠢᠨ ᠂ᠲᠦᠮᠡᠨ ᠣᠯᠠᠨ ᠠᠮᠤᠭᠤᠯᠠᠩ ᠪᠣᠯᠬᠤ ᠪᠢᠵᠡ᠃ ᠬᠠᠷᠢᠨ ᠺᠣᠷᠭᠤᠽ ᠨᠣᠶᠠᠨᠲᠠᠨ ᠡᠨᠡ ᠬᠦᠨᠳᠦ ᠴᠠᠭ ᠲᠤ ᠲᠠᠯ᠎ᠠ ᠨᠤᠲᠤᠭ ᠲᠤ ᠶᠡᠬᠡ ᠵᠠᠮ ᠢ᠋ ᠲᠤᠭᠤᠯᠤᠨ ᠣᠴᠢᠬᠤ ᠲᠤᠬᠠᠢ ᠪᠠᠨ ᠳᠠᠬᠢᠨ ᠨᠢᠭᠡ ᠪᠣᠳᠣᠵᠤ ᠦᠵᠡᠭᠡᠷᠡᠢ ᠭᠡᠮᠡᠨ ᠬᠡᠯᠡᠯ᠎ᠡ᠃ ᠤᠳᠠᠲᠠᠯ᠎ᠠ ᠶᠠᠷᠢᠯᠴᠠᠨ ᠰᠠᠭᠤᠭᠰᠠᠨ ᠤ᠋ ᠡᠴᠦᠰ ᠲᠦ᠍ ᠰᠣᠷᠬᠠᠭᠲᠠᠨᠢ ᠬᠠᠲᠤᠨ ᠪᠤᠬᠠᠷ ᠬᠣᠲᠠ ᠶ᠋ᠢᠨ ᠳᠤᠮᠳᠠ ᠪᠣᠰᠤᠭᠰᠠᠨ ᠥᠪᠡᠷ ᠦ᠋ᠨ ᠤᠷᠲᠤ ᠦᠷᠭᠦᠭᠡᠨ ᠳ᠋ᠡᠭᠡᠨ ᠪᠠᠷᠠᠯᠬᠠᠪᠠ᠃ᠲᠠᠯ᠎ᠠ ᠨᠤᠲᠤᠭ ᠤ᠋ᠨ ᠨᠡᠭᠦᠳᠡᠯᠴᠢᠨ ᠣᠯᠠᠨ ᠢ᠋ ᠠᠪᠴᠤ ᠶᠠᠪᠤᠬᠤ᠂ ᠠᠴᠢᠶ᠎ᠠ ᠲᠡᠭᠡᠭᠡᠪᠦᠷᠢᠯᠡᠬᠦ ᠂ᠪᠠᠷᠢᠵᠤ ᠪᠠᠭᠤᠯᠭᠠᠬᠤ ᠳ᠋ᠤ᠌ ᠡᠪᠲᠡᠢ ᠮᠣᠩᠭᠣᠯ ᠭᠡᠷ ᠡᠨᠡ ᠬᠣᠲᠠ ᠶ᠋ᠢᠨ ᠳᠤᠮᠳᠠ ᠰᠦᠨᠳᠡᠷᠯᠡᠨ ᠪᠣᠰᠤᠭᠰᠠᠨ ᠨᠢ ᠬᠥᠮᠦᠨ ᠪᠦᠬᠦᠨ ᠦ᠌ ᠨᠢᠳᠦᠨ ᠳ᠋ᠦ᠍ ᠲᠤᠰᠬᠤ ᠪᠠᠷ ᠨᠢᠭᠡᠨ ᠦᠵᠡᠮᠦᠷᠢ ᠰᠢᠭ ᠰᠣᠨᠢᠨ ᠰᠣᠳᠣᠨ ᠬᠠᠷᠠᠭᠳᠠᠬᠤ ᠠᠪᠠᠴᠤ ᠬᠠᠵᠠᠭᠤ ᠪᠠᠷ ᠥᠩᠭᠡᠷᠡᠬᠦ ᠬᠥᠮᠦᠰ ᠲᠦ᠍ ᠣᠢᠷᠠᠲᠤᠨ ᠦᠵᠡᠬᠦ ᠪᠣᠯᠤᠮᠵᠢ ᠶ᠋ᠢ ᠬᠠᠲᠤᠨ ᠤ᠋ ᠬᠠᠮᠠᠭᠠᠯᠠᠭᠴᠢᠳ ᠣᠯᠭᠣᠬᠤ ᠦᠭᠡᠢ ᠪᠠᠢᠭ᠎ᠠ ᠨᠢ ᠭᠠᠴᠢᠯᠠᠩ ᠲᠠᠢ᠃
ᠬᠠᠲᠤᠨ ᠢ ᠪᠤᠬᠠᠷ ᠲᠤ ᠢᠷᠡᠭᠰᠡᠨ ᠦ᠌ ᠳᠠᠷᠠᠭᠠᠬᠠᠨ ᠺᠣᠷᠭᠤᠽ ᠨᠣᠶᠠᠨᠲᠠᠨ ᠲᠠᠯ᠎ᠠ ᠨᠤᠲᠤᠭ ᠤᠷᠤᠭᠤ ᠠᠶᠠᠨ ᠤ᠋ ᠵᠢᠯᠣᠭᠣ ᠵᠠᠯᠠᠵᠠᠢ ᠃ ᠡᠵᠡᠨ ᠳ᠋ᠡᠭᠡᠨ ᠦᠨᠡᠨᠴᠢ ᠠᠯᠪᠠᠲᠤ ᠶ᠋ᠢᠨ ᠶᠣᠰᠣ ᠪᠠᠷ ᠡᠨᠡ ᠬᠥᠮᠦᠨ ᠬᠠᠷᠠᠬᠣᠷᠣᠮ ᠳ᠋ᠤ᠌ ᠰᠠᠭᠤᠬᠤ ᠶᠡᠬᠡ ᠬᠠᠲᠤᠨ ᠳ᠋ᠤ᠌ ᠪᠠᠷᠠᠯᠬᠠᠨ ᠤᠴᠢᠷ ᠶᠠᠪᠤᠳᠠᠯ ᠢ᠋ᠶ᠋ᠠᠨ ᠠᠭᠤᠳᠠᠯᠤᠨ ᠬᠡᠯᠡᠯᠴᠡᠬᠦ ᠪᠡᠷ ᠶᠠᠪᠤᠭᠰᠠᠨ ᠪᠠᠢᠪᠠ᠃ ᠺᠣᠷᠭᠤᠽ ᠨᠣᠶᠠᠨᠲᠠᠨ ᠥᠪᠡᠷ ᠲᠡᠭᠡᠨ ᠬᠡᠳᠦ ᠢᠲᠡᠭᠡᠯ ᠲᠡᠢ ᠪᠠᠢᠭᠰᠠᠨ ᠲᠤᠯᠠ ᠬᠠᠲᠤᠨ ᠲᠡᠭᠦᠨ ᠳ᠋ᠦ᠍ ᠰᠠᠭᠠᠳ ᠬᠢᠵᠦ ᠴᠢᠳᠠᠭᠰᠠᠨ ᠦᠭᠡᠢ᠃ᠬᠠᠷᠢᠨ ᠲᠡᠭᠦᠨ ᠦ᠌ ᠠᠷᠤ ᠠ᠋ᠴᠠ 《ᠮᠥᠩᠬᠡ ᠲᠡᠭᠷᠢ ᠬᠠᠭᠠᠨ ᠤ᠋ ᠦᠨᠡᠨᠴᠢ ᠠᠯᠪᠠᠲᠤ ᠪᠠᠨ ᠬᠠᠷᠠᠵᠤ ᠪᠣᠯᠭᠣᠭᠠᠭᠲᠤᠨ 》ᠭᠡᠮᠡᠨ ᠰᠦᠰᠦᠭᠯᠡᠨ ᠵᠠᠯᠪᠠᠷᠢᠯ᠎ᠠ᠃ ᠬᠠᠲᠤᠨ ᠤ᠋ ᠵᠦᠩ ᠰᠤᠪᠢᠨ ᠳ᠋ᠤ᠌ ᠪᠠᠭᠤᠭᠰᠠᠨ ᠳᠠᠭ᠎ᠠ ᠦᠭᠡᠢ ᠲᠡᠷᠡ ᠮᠡᠳᠡᠷᠡᠮᠵᠢ ᠬᠡᠰᠡᠭ ᠬᠤᠭᠤᠴᠠᠭᠠᠨ ᠤ᠋ ᠳᠠᠷᠠᠭ᠎ᠠ ᠲᠠᠯ᠎ᠠ ᠨᠤᠲᠤᠭ ᠲᠤ ᠪᠡᠶᠡᠯᠡᠯ ᠢ᠋ᠶ᠋ᠡᠨ ᠣᠯᠬᠤ ᠮᠡᠲᠦ᠂ ᠨᠢᠭᠡ ᠯᠡ ᠲᠦᠭᠰᠢᠭᠦᠷᠢ ᠲᠡᠢ ᠪᠣᠳᠣᠭᠳᠠᠨ᠎ᠠ᠃ ᠰᠢᠨ᠎ᠡ ᠪᠡᠷ ᠵᠠᠰᠠᠬᠤ ᠭᠠᠵᠠᠷ ᠲᠠᠢ ᠪᠠᠨ ᠲᠠᠨᠢᠯᠴᠠᠵᠤ᠂ ᠲᠡᠳᠡᠨ ᠦ᠌ ᠠᠮᠢᠳᠤᠷᠠᠯ ᠠᠬᠤᠢ ᠶ᠋ᠢᠨ ᠭᠦᠨ ᠳ᠋ᠦ᠍ ᠣᠷᠣᠬᠤ ᠨᠢ ᠡᠬᠢᠨ ᠦ᠌ ᠠᠵᠢᠯ ᠭᠡᠮᠡᠨ ᠰᠡᠳᠬᠢᠵᠦ᠂ ᠬᠥᠯᠡᠬᠦ ᠬᠣᠲᠠ ᠶ᠋ᠢᠨ ᠳᠤᠮᠳᠠᠭᠤᠷ ᠶᠠᠪᠤᠵᠤ᠂ ᠬᠥᠮᠦᠰ ᠲᠡᠢ ᠠᠭᠤᠯᠵᠠᠨ ᠵᠠᠷᠢᠮ ᠨᠢᠭᠡ ᠨᠣᠶᠠᠳ ᠤ᠋ᠨ ᠭᠡᠷ ᠲᠦ᠍ ᠵᠣᠴᠢᠯᠠᠯ᠎ᠠ᠃ ᠰᠤᠷᠬᠠᠭᠲᠠᠨᠢ ᠬᠠᠲᠤᠨ ᠴᠤ ᠬᠤᠪᠢᠯᠠᠢ ᠶ᠋ᠢᠨ ᠬᠠᠮᠲᠤ ᠾᠧᠪᠧᠢ ᠮᠣᠵᠢ ᠤᠷᠤᠭᠤ ᠶᠠᠪᠤᠵᠤ ᠪᠠᠢᠭᠰᠠᠨ ᠰᠢᠭ᠋ ᠡᠨᠡ ᠤᠳᠠᠭ᠎ᠠ ᠳ᠋ᠤ᠌ ᠬᠦᠦ ᠪᠡᠨ ᠠᠵᠢᠭᠯᠠᠨ ᠪᠠᠢᠪᠠ᠃ ᠬᠡᠳᠦ ᠬᠣᠨᠣᠭ ᠤ᠋ᠨ ᠳᠠᠷᠠᠭ᠎ᠠ ᠬᠦᠦ ᠨᠢ ᠡᠬᠡ ᠶ᠋ᠢᠨ ᠢ᠋ᠶ᠋ᠡᠨ ᠦᠷᠭᠦᠭᠡᠨ ᠳ᠋ᠦ᠍ ᠪᠠᠷᠠᠯᠬᠠᠨ ᠣᠷᠣᠵᠤ ᠢᠷᠡᠬᠦ ᠳ᠋ᠡᠭᠡᠨ᠂
— ᠪᠤᠬᠠᠷ ᠬᠣᠲᠠ ᠥᠨᠥ ᠨᠣᠶᠠᠳ ᠤ᠋ᠨ ᠬᠡᠯᠡᠭᠰᠡᠨᠴᠢᠯᠡᠨ ᠭᠠᠷ ᠤ᠋ᠨ ᠤᠷ᠎ᠠ ᠳᠦᠢᠲᠡᠢ ᠬᠥᠮᠦᠰ ᠣᠯᠠᠨ ᠲᠠᠢ᠂ ᠭᠠᠷ ᠤᠷᠠᠯᠠᠯ ᠴᠡᠴᠡᠭᠯᠡᠨ ᠬᠥᠭᠵᠢᠭᠰᠡᠨ ᠭᠠᠵᠠᠷ ᠶᠤᠮ᠃ ᠡᠷᠳᠡᠮ ᠦ᠋ᠨ ᠬᠣᠲᠠ ᠶ᠋ᠢᠨ ᠤᠷᠢᠳᠤ ᠶ᠋ᠢᠨ ᠰᠠᠢᠬᠠᠨ ᠴᠠᠭ ᠦᠭᠡᠢ ᠪᠣᠯᠤᠭᠰᠠᠨ ᠴᠤ ᠡᠨᠳᠡᠬᠢ ᠶ᠋ᠢᠨ ᠬᠥᠮᠦᠰ ᠨᠣᠮ ᠡᠷᠳᠡᠮ ᠢ᠋ ᠡᠳ᠋ ᠭᠦᠷᠦᠩᠭᠡᠨ ᠡᠴᠡ ᠢᠯᠡᠭᠦᠦ ᠴᠢᠬᠤᠯᠠᠴᠢᠯᠠᠨ ᠦᠵᠡᠳᠡᠭ ᠨᠢ ᠬᠡᠪ ᠢ᠋ᠶ᠋ᠡᠷ ᠪᠠᠢᠨ᠎ᠠ᠃ ᠠᠢᠯ ᠪᠦᠷᠢ ᠶ᠋ᠢᠨ ᠭᠡᠷ ᠲᠦ᠍ ᠨᠣᠮ ᠰᠤᠳᠤᠷ ᠵᠠᠯᠠᠭᠠᠰᠤᠲᠠᠢ ᠪᠠᠢᠳᠠᠭ ᠴᠤ ᠥᠨᠥ ᠦᠷ᠎ᠡ ᠬᠡᠦᠬᠡᠳ ᠲᠡᠭᠡᠨ ᠪᠢᠴᠢᠭ ᠦᠰᠦᠭ ᠵᠢᠭᠠᠨ ᠰᠤᠷᠭᠠᠬᠤ ᠪᠣᠯᠤᠮᠵᠢ ᠬᠣᠮᠰᠠ ᠪᠣᠯᠤᠭᠰᠠᠨ ᠨᠢ ᠦᠨᠡᠨ ᠠᠵᠢ ᠭᠡᠵᠦ ᠬᠡᠯᠡᠬᠦ ᠳ᠋ᠦ᠍ ᠰᠤᠷᠬᠠᠭᠲᠠᠨᠢ᠄
— ᠡᠷᠳᠡᠮ ᠨᠣᠮ ᠲᠠᠢ ᠬᠥᠮᠦᠨ᠂ ᠠᠰᠢᠭ ᠬᠣᠨᠵᠢᠶ᠎ᠠ ᠬᠠᠢᠭᠰᠠᠨ ᠬᠥᠮᠦᠨ ᠦ᠌ ᠨᠢᠳᠦ ᠬᠣᠭᠣᠷᠣᠨᠳᠣ ᠪᠠᠨ ᠣᠭᠲᠣ ᠠᠳᠠᠯᠢ ᠦᠭᠡᠢ ᠪᠠᠢᠳᠠᠭ᠃ ᠡᠨᠡ ᠬᠣᠲᠠ ᠶ᠋ᠢᠨ ᠬᠥᠮᠦᠰ ᠦ᠋ᠨ ᠨᠢᠳᠦᠨ ᠡᠴᠡ ᠮᠠᠢᠮᠠᠢᠴᠢᠨ ᠬᠥᠮᠦᠨ ᠦ᠌ ᠰᠢᠨᠤᠯ ᠬᠠᠷᠠᠭᠳᠠᠬᠤ ᠦᠭᠡᠢ ᠪᠠᠢᠬᠤ ᠰᠢᠭ᠋ ᠰᠠᠨᠠᠭᠳᠠᠬᠤ ᠶᠤᠮ᠃ ᠬᠦᠦ ᠮᠢᠨᠢ ᠴᠢ ᠵᠥᠪ ᠲᠠᠨᠢᠵᠠᠢ ᠭᠡᠪᠡ᠃
— ᠳᠠᠢᠨ ᠰᠠᠮᠠᠭᠤᠨ ᠤ᠋ ᠬᠥᠯ ᠳ᠋ᠦ᠍ ᠦᠢᠮᠡᠨ ᠰᠠᠨᠳᠤᠷᠤᠭᠰᠠᠨ ᠵᠤᠨ ᠣᠯᠠᠨ ᠤᠩᠰᠢᠵᠤ ᠰᠤᠷᠬᠤ ᠠ᠋ᠴᠠ ᠢᠯᠡᠭᠦᠦ ᠲᠡᠢ ᠠᠮᠤᠷ ᠠᠮᠤᠭᠤᠯᠠᠩ ᠠᠮᠢᠳᠤᠷᠠᠯ ᠬᠠᠢᠨ ᠲᠡᠮᠡᠦᠯᠬᠦ ᠪᠣᠯᠵᠤ ᠪᠤᠬᠠᠷ ᠲᠤ ᠰᠠᠢᠬᠠᠨ ᠴᠠᠭ ᠲᠤ ᠬᠥᠮᠦᠰ ᠦᠷ᠎ᠡ ᠬᠡᠦᠬᠡᠳ ᠲᠡᠭᠡᠨ ᠪᠢᠴᠢᠭ ᠦᠰᠦᠭ ᠵᠢᠭᠠᠨ ᠰᠤᠷᠭᠠᠳᠠᠭ ᠪᠠᠢᠭᠰᠠᠨ ᠪᠣᠯ ᠣᠳᠣ ᠠᠵᠢᠯ ᠬᠢᠬᠦ ᠶ᠋ᠢ ᠯᠡ ᠰᠤᠷᠭᠠᠬᠤ ᠪᠣᠯᠤᠭᠰᠠᠨ ᠪᠠᠢᠨ᠎ᠠ ᠭᠡᠵᠦ ᠨᠡᠮᠡᠵᠦ ᠬᠡᠯᠡᠭᠰᠡᠨ ᠬᠦᠦ ᠶ᠋ᠢᠨ ᠢ᠋ᠶ᠋ᠡᠨ ᠦᠭᠡ ᠶ᠋ᠢ ᠰᠣᠨᠣᠰᠤᠭᠠᠳ ᠬᠠᠲᠤᠨ ᠡᠬᠡ《ᠦᠨᠡᠬᠡᠷ ᠲᠡᠢᠨ ᠰᠠᠮᠠᠭᠤᠨ ᠭᠡᠳᠡᠭ ᠬᠡᠴᠢᠨᠡᠭᠡᠨ ᠬᠡᠴᠡᠭᠦᠦ ᠪᠢᠯᠡ᠃ ᠪᠢᠳᠡ ᠡᠨᠡ ᠭᠦᠷᠦᠨ ᠦ᠌ ᠡᠵᠡᠳ ᠲᠤᠯᠠ ᠡᠵᠡᠯᠡᠨ ᠠᠪᠤᠭᠰᠠᠨ ᠭᠠᠵᠠᠷ ᠨᠤᠲᠤᠭ ᠲᠠᠭᠠᠨ ᠰᠠᠨᠠᠭ᠎ᠠ ᠠᠮᠤᠷ ᠠᠮᠢᠳᠤᠷᠠᠯ ᠢ᠋ ᠡᠬᠢᠯᠡᠭᠦᠯᠦᠯ᠎ᠡ ᠭᠡᠮᠡᠨ ᠡᠬᠡ ᠨᠤᠲᠤᠭ ᠤ᠋ᠨ ᠵᠦᠭ ᠵᠢᠯᠣᠭᠣ ᠵᠠᠯᠠᠳᠠᠭ ᠪᠠᠢᠬᠤ ᠳ᠋ᠤ᠌ ᠬᠠᠭᠠᠨᠲᠤ ᠲᠥᠷᠥ ᠶ᠋ᠢᠨ ᠬᠠᠶᠠᠭ᠎ᠠ ᠬᠣᠯᠠ ᠶ᠋ᠢ ᠳᠠᠯᠢᠮᠳᠠᠭᠤᠯᠤᠨ ᠲᠥᠷᠥ ᠶ᠋ᠢᠨ ᠨᠡᠷ᠎ᠡ ᠪᠠᠷᠢᠬᠤ ᠳᠡᠭᠡᠷᠡᠮᠴᠢᠳ ᠴᠦ᠍ ᠣᠯᠠᠰᠢᠷᠠᠭᠰᠠᠭᠠᠷ ᠪᠠᠢᠬᠤ ᠶᠤᠮ ᠳᠠ》 ᠭᠡᠮᠡᠨ ᠪᠣᠳᠣᠵᠤ ᠪᠠᠢᠯ᠎ᠠ᠃
ᠭᠠᠷ ᠲᠠᠭᠠᠨ ᠮᠥᠩᠭᠥᠨ ᠵᠣᠭᠣᠰ ᠪᠠᠷᠢᠨ ᠲᠣᠭᠣᠨᠣ ᠪᠠᠷ ᠲᠤᠰᠤᠭᠰᠠᠨ ᠨᠠᠷᠠᠨ ᠤ᠋ ᠲᠤᠶᠠᠭᠠᠨ ᠳ᠋ᠤ᠌ ᠣᠢᠷᠠᠲᠤᠭᠤᠯᠬᠤᠢ ᠳ᠋ᠤ᠌ ᠮᠥᠩᠭᠥᠨ ᠵᠣᠭᠣᠰᠤᠨ ᠳᠡᠭᠡᠷ᠎ᠡ ᠨᠠᠷᠠᠨ ᠤ᠋ ᠰᠢᠵᠢᠷ ᠰᠠᠴᠤᠷᠠᠭ ᠪᠠᠭᠤᠵᠤ᠂ ᠨᠢᠳᠦ ᠭᠢᠯᠪᠠᠭᠤᠯᠤᠨ ᠭᠡᠷᠡᠯᠲᠦᠨ᠎ᠡ᠃
— ᠡᠨᠡ ᠴᠠᠭ ᠠ᠋ᠴᠠ ᠬᠣᠢᠰᠢ ᠡᠵᠡᠨᠲᠦ ᠭᠦᠷᠦᠨ ᠦ᠌ ᠨᠤᠲᠤᠭ ᠲᠤ ᠡᠨᠡ ᠵᠣᠭᠣᠰ ᠢ᠋ ᠲᠠᠷᠬᠠᠭᠠᠨ ᠶᠠᠪᠤᠭᠤᠯ᠂ ᠠᠷᠠᠯᠵᠢᠶ᠎ᠠ ᠪᠦᠬᠦᠨ ᠡᠭᠦᠪᠡᠷ ᠬᠢᠭᠳᠡᠵᠦ᠂ ᠠᠯᠲᠠ ᠡᠷᠳᠡᠨᠢᠰ ᠢ᠋ ᠴᠤ᠌ ᠡᠭᠦᠪᠡᠷ ᠰᠣᠯᠢᠯᠴᠠᠭ ᠭᠡᠮᠡᠨ ᠰᠡᠳᠬᠢᠯ ᠬᠥᠳᠡᠯᠦᠩᠭᠦᠢ ᠬᠡᠯᠡᠵᠦ ᠪᠠᠢᠭ᠎ᠠ ᠳᠦᠷᠭᠡᠨ᠎ᠡ ᠬᠠᠲᠤᠨ ᠤ᠋ ᠭᠠᠷ ᠲᠤ ᠰᠠᠶᠢᠬᠠᠨ ᠴᠢᠳᠬᠤᠭᠰᠠᠨ ᠮᠥᠩᠭᠥᠨ ᠵᠣᠭᠣᠰ ᠠᠳᠬᠤᠭᠠᠲᠠᠢ ᠪᠠᠢᠯ᠎ᠠ᠃ ᠳᠦᠷᠭᠡᠨ᠎ᠡ ᠬᠠᠲᠤᠨ ᠵᠣᠭᠣᠰᠤᠨ ᠳᠡᠭᠡᠷᠡᠬᠢ ᠪᠢᠴᠢᠭᠡᠰᠦ ᠶ᠋ᠢ ᠤᠩᠰᠢᠨ᠂
— ᠶᠡᠬᠡ ᠮᠣᠩᠭᠣᠯ ᠤᠯᠤᠰ ᠤ᠋ᠨ ᠬᠠᠨ ᠬᠦᠦ ᠭᠡᠮᠡᠨ ᠤᠩᠰᠢᠬᠤ ᠳ᠋ᠤ᠌ ᠬᠠᠷᠠᠴᠠᠨ ᠳ᠋ᠤᠨᠢ ᠪᠠᠶᠠᠷ ᠤ᠋ᠨ ᠣᠴᠢ ᠰᠠᠴᠤᠷᠠᠰᠬᠢᠭᠠᠳ ᠲᠦᠳᠡᠭᠡᠨᠡ ᠨᠠᠮᠳᠠᠪᠠ ᠪᠣᠯᠤᠯᠲᠠᠢ ᠦᠵᠡᠭᠳᠡᠬᠦ ᠨᠢ ᠡᠭᠦᠳᠡ ᠪᠡᠷ ᠣᠷᠣᠵᠤ ᠢᠷᠡᠭᠰᠡᠨ ᠺᠣᠷᠭᠣᠼ ᠨᠣᠶᠠᠨᠲᠠᠨ ᠢ᠋ ᠬᠠᠷᠠᠭᠰᠠᠨ ᠳᠠᠷᠤᠢ ᠪᠠᠶᠠᠷ ᠬᠥᠷ ᠨᠢ ᠲᠡᠷᠡ ᠳᠣᠣᠷ᠎ᠠ ᠪᠠᠨ ᠦᠭᠡᠢ ᠪᠣᠯᠤᠨ ᠵᠠᠮᠠᠭᠷᠠᠭᠰᠠᠨ ᠬᠡᠷᠡᠭ ᠪᠠᠢᠯ᠎ᠠ᠃ ᠺᠣᠷᠭᠣᠼ ᠨᠣᠶᠠᠨᠲᠠᠨ ᠬᠠᠲᠤᠨ ᠤ᠋ ᠠᠮᠤᠷ ᠮᠡᠨᠳᠦ ᠶ᠋ᠢ ᠡᠷᠢᠭᠡᠳ ᠢᠰᠯᠠᠮ ᠱᠠᠰᠢᠨᠲᠤ ᠬᠥᠮᠦᠨ ᠦ᠌ ᠶᠣᠰᠣ ᠪᠠᠷ ᠮᠡᠨᠳᠦᠯᠡᠪᠡ᠃ ᠳᠦᠷᠭᠡᠨ᠎ᠡ ᠬᠠᠲᠤᠨ ᠴᠢᠷᠠᠢ ᠪᠠᠨ ᠲᠥᠪ ᠪᠣᠯᠭᠠᠬᠤ ᠨᠢ ᠴᠡᠭᠡᠵᠢᠨ ᠳᠣᠲᠣᠷᠠᠬᠢ ᠠᠭᠤᠷ ᠴᠢᠬᠤᠯ ᠢ᠋ᠶ᠋ᠠᠨ ᠨᠢᠭᠤᠵᠤ ᠪᠠᠢᠭ᠎ᠠ ᠨᠢ ᠢᠯᠡᠳᠲᠡ᠂
— ᠥᠷᠭᠦᠭᠡᠨ ᠳᠦ ᠪᠠᠢᠭ᠎ᠠ ᠬᠥᠮᠦᠰ ᠭᠠᠷᠴᠤ ᠪᠠᠢ ᠬᠡᠮᠡᠭᠡᠳ ᠠᠪᠲᠣᠯ ᠷᠠᠬᠠᠮᠠᠨ ᠢ᠋ ᠦᠯᠡᠳᠡᠬᠦ ᠶ᠋ᠢ ᠬᠦᠰᠡᠯ᠎ᠡ᠃ ᠬᠠᠲᠤᠨ ᠤ᠋ ᠭᠠᠷ ᠲᠤ ᠮᠥᠨᠥᠬᠢ ᠮᠥᠩᠭᠥᠨ ᠵᠣᠭᠣᠰ ᠠᠳᠬᠤᠭᠠᠰᠤᠲᠠᠢ ᠬᠡᠪ ᠢ᠋ᠶ᠋ᠡᠷ᠃ ᠳᠦᠷᠭᠡᠨ᠎ᠡ ᠬᠠᠲᠤᠨ ᠦᠷᠭᠦᠭᠡᠨ ᠳ᠋ᠦ᠍ ᠪᠠᠢᠭ᠎ᠠ ᠬᠥᠮᠦᠰ ᠢ᠋ ᠭᠠᠷᠴᠤ ᠶᠠᠪᠤᠭᠰᠠᠨ ᠤ᠋ ᠳᠠᠷᠠᠭ᠎ᠠ᠂
— ᠺᠣᠷᠭᠤᠼ ᠨᠣᠶᠠᠨ᠂ ᠲᠠᠨ ᠢ᠋ ᠥᠭᠡᠳᠡᠢ ᠬᠠᠭᠠᠨ ᠤ᠋ ᠦᠶ᠎ᠡ ᠡᠴᠡ ᠦᠨᠡᠨᠴᠢ ᠠᠯᠪᠠᠲᠤ ᠪᠠᠢᠭᠰᠠᠨ ᠢ᠋ ᠴᠢᠨᠢ ᠮᠡᠳᠡᠬᠦ ᠠᠪᠠᠴᠤ ᠥᠨᠥ ᠶ᠋ᠢ ᠬᠦᠷᠲᠡᠯ᠎ᠡ ᠬᠠᠲᠤᠨ ᠤ᠋ ᠵᠠᠬᠢᠷᠭ᠎ᠠ ᠶ᠋ᠢ ᠬᠦᠯᠢᠶᠡᠨ ᠠᠪᠤᠭᠰᠠᠨ ᠦᠭᠡᠢ ᠳᠣᠷᠣᠨᠠᠲᠤ ᠢᠷᠡᠨ ᠦ᠌ ᠨᠤᠲᠤᠭ ᠲᠤ ᠢᠷᠡᠭᠰᠡᠨ ᠠᠯᠪᠠ ᠲᠠᠲᠠᠪᠤᠷᠢ ᠬᠤᠷᠢᠶᠠᠭᠴᠢᠳ ᠢ᠋ ᠪᠠᠰᠤᠨ ᠳᠣᠷᠣᠮᠵᠢᠯᠠᠵᠤ ᠶᠠᠪᠤᠭᠤᠯᠤᠭᠰᠠᠨ ᠤᠴᠢᠷ ᠢ᠋ ᠰᠣᠨᠣᠰᠬᠤ ᠪᠠᠷ ᠳᠠᠭᠤᠳᠠᠭᠤᠯᠤᠭᠰᠠᠨ ᠪᠢᠯᠡ ᠭᠡᠪᠡ᠃ ᠺᠤᠷᠭᠤᠼ ᠨᠣᠶᠠᠨ᠄
— ᠬᠠᠲᠤᠨᠲᠠᠨ ᠮᠢᠨᠢ᠂ ᠪᠠᠰᠤᠨ ᠳᠣᠷᠣᠮᠵᠢᠯᠠᠭᠰᠠᠨ ᠬᠡᠷᠡᠭ ᠣᠭᠲᠣᠬᠠᠨ ᠴᠤ ᠪᠢᠰᠢ ᠪᠠᠢᠭᠰᠠᠨ ᠪᠢᠯᠡ᠃ ᠬᠠᠷᠢᠨ ᠬᠠᠲᠤᠨ ᠤ᠋ ᠨᠡᠷ᠎ᠡ ᠪᠡᠷ ᠲᠦᠷᠡᠢ ᠪᠠᠷᠢᠨ ᠥᠪᠡᠷ ᠵᠠᠭᠤᠷ᠎ᠠ ᠪᠠᠨ ᠠᠰᠢᠭ ᠬᠣᠨᠵᠢᠶ᠎ᠠ ᠬᠠᠢᠭᠰᠠᠳ ᠣᠯᠠᠰᠢᠷᠠᠭᠰᠠᠨ ᠲᠤᠯᠠ ᠠᠷᠠᠳ ᠲᠦᠮᠡᠨ ᠦ᠌ ᠨᠢᠷᠤᠭᠤᠨ ᠳᠡᠭᠡᠷ᠎ᠡ ᠢᠷᠡᠭᠰᠡᠨ ᠠᠴᠢᠶ᠎ᠠ ᠤᠯᠠᠮ ᠪᠦᠷ ᠬᠦᠨᠳᠦᠷᠡᠭᠰᠡᠭᠡᠷ ᠪᠠᠢᠭ᠎ᠠ ᠶ᠋ᠢ ᠬᠠᠲᠠᠨᠲᠠᠨ ᠲᠠᠨ ᠳ᠋ᠤ᠌ ᠥᠪᠡᠷ ᠦ᠋ᠨ ᠪᠡᠶ᠎ᠡ ᠪᠡᠷ ᠮᠡᠳᠡᠭᠳᠡᠬᠦ ᠪᠡᠷ ᠢᠷᠡᠯ᠎ᠡ ᠭᠡᠵᠦ ᠬᠡᠯᠡᠭᠡᠳ ᠮᠡᠬᠦᠢᠯᠡ᠃
ᠠᠪᠲᠤᠯ ᠷᠠᠬᠠᠮᠠᠨ ᠭᠡᠨᠡᠳᠲᠡ ᠬᠠᠵᠠᠭᠤ ᠠ᠋ᠴᠠ ᠶᠠᠷᠢᠶᠠᠨ ᠳ᠋ᠤ᠌ ᠣᠷᠣᠯᠴᠠᠵᠤ᠂
— ᠶᠡᠬᠡ ᠬᠠᠲᠤᠨ ᠤ᠋ ᠨᠡᠷ᠎ᠡ ᠶ᠋ᠢ ᠪᠠᠷᠢᠨ᠎ᠠ ᠭᠡᠨ᠎ᠡ ᠠ᠋᠂ ᠶᠡᠬᠡ ᠵᠠᠰᠠᠭ ᠬᠠᠤᠯᠢ ᠡᠵᠡᠨᠲᠦ ᠭᠦᠷᠦᠨ ᠦ᠌ ᠨᠤᠲᠤᠭ ᠲᠤ᠌ ᠬᠡᠪ ᠢ᠋ᠶ᠋ᠡᠷ ᠪᠠᠢᠬᠤ ᠳ᠋ᠤ᠌ ᠢᠩᠭᠢᠵᠦ ᠬᠤᠳᠠᠯ ᠮᠡᠳᠡᠭᠦᠯᠬᠦ ᠬᠡᠷᠡᠭ ᠶᠠᠭᠤᠨ ᠪᠢᠯᠡ ᠭᠡᠪᠡ᠃
ᠳᠦᠷᠭᠡᠨᠡᠡ ᠬᠠᠲᠤᠨ ᠠᠪᠲᠤᠯ ᠷᠠᠬᠠᠮᠠᠨ ᠢ᠋ ᠬᠠᠷᠠᠨ᠂
— ᠠᠪᠲᠤᠯ ᠷᠠᠬᠠᠮᠠᠨ ᠴᠢ ᠡᠭᠦᠨ ᠢ᠋ ᠮᠡᠳᠡᠵᠦ ᠪᠠᠢᠬᠤ ᠤᠴᠢᠷ ᠲᠠᠢ ᠭᠡᠬᠦ ᠳ᠋ᠦ᠍᠂
— ᠬᠠᠲᠤᠨᠲᠠᠨ ᠮᠢᠨᠢ ᠪᠢ ᠮᠡᠳᠡᠵᠦ ᠪᠠᠢᠭ᠎ᠠ᠃ ᠬᠠᠷᠢᠨ ᠺᠣᠷᠭᠣᠽ ᠨᠣᠶᠠᠨᠲᠠᠨ ᠥᠪᠡᠷ ᠦ᠋ᠨ ᠳᠤᠷ᠎ᠠ ᠪᠠᠷ ᠠᠭᠠᠰᠢᠯᠠᠵᠤ ᠬᠠᠷᠢᠶᠠᠲᠤ ᠭᠠᠵᠠᠷ ᠨᠤᠲᠤᠭ ᠲᠠᠭᠠᠨ ᠥᠪᠡᠷ ᠦ᠋ᠨ ᠵᠠᠰᠠᠭᠯᠠᠯ ᠢ᠋ ᠲᠣᠭᠲᠠᠭᠠᠭᠠᠳ ᠪᠠᠢᠭ᠎ᠠ ᠪᠢᠯᠡ ᠭᠡᠵᠦ ᠬᠡᠯᠡᠪᠡ᠃
ᠺᠣᠷᠭᠤᠼ ᠨᠤᠶᠠᠨᠲᠠᠨ ᠠᠪᠲᠤᠯ ᠷᠠᠬᠠᠮᠠᠨ ᠢ᠋ ᠣᠯᠠᠨ ᠵᠢᠯ ᠦ᠋ᠨ ᠡᠮᠦᠨ᠎ᠡ ᠡᠴᠡ ᠲᠠᠨᠢᠬᠤ ᠪᠢᠯᠡ᠃ ᠡᠨᠡ ᠡᠷᠬᠢᠮ ᠢ᠋ ᠲᠣᠷᠭᠠᠨ ᠤ᠋ ᠵᠠᠮ ᠳᠠᠭᠠᠨ ᠬᠤᠳᠠᠯᠳᠤᠭ᠎ᠠ ᠠᠷᠠᠯᠵᠢᠶ᠎ᠠ ᠬᠢᠵᠦ᠂ ᠠᠮᠢᠳᠤᠷᠠᠯ ᠠᠬᠤᠢ ᠨᠢ ᠰᠠᠢᠵᠢᠷᠠᠨ ᠬᠠᠲᠤᠨ ᠤ᠋ ᠢᠪᠡᠭᠡᠯ ᠳ᠋ᠦ᠍ ᠣᠷᠣᠬᠤ ᠠ᠋ᠴᠠ ᠡᠮᠦᠨᠡᠬᠢ ᠠᠮᠢᠳᠤᠷᠠᠯ ᠢ᠋ ᠺᠣᠷᠭᠣᠽ ᠨᠣᠶᠠᠨ ᠰᠠᠢᠨ ᠮᠡᠳᠡᠬᠦ ᠤᠴᠢᠷ᠄
— ᠶᠠᠳᠠᠭᠤ ᠭᠤᠲᠤᠯᠴᠢᠨ ᠬᠦᠦ ᠴᠢᠨᠦ ᠪᠠᠭ᠎ᠠ ᠨᠠᠰᠤ ᠶ᠋ᠢ ᠪᠢᠳᠡ ᠮᠡᠳᠡᠬᠦ ᠪᠢᠯᠡ᠃ ᠳᠡᠭᠦᠦ ᠪᠡᠨ ᠳᠠᠭᠠᠭᠤᠯᠤᠨ ᠠᠪᠤᠷᠠᠯ ᠡᠷᠢᠨ ᠬᠣᠲᠠ ᠪᠠᠷ ᠶᠠᠪᠤᠵᠤ ᠪᠠᠢᠬᠤ ᠳ᠋ᠤ᠌ ᠴᠢᠨᠢ ᠮᠠᠨ ᠤ᠋ ᠬᠣᠲᠠ ᠶ᠋ᠢᠨ ᠬᠢᠨ ᠴᠢᠮᠠᠶ᠋ᠢ
ᠭᠡᠷ ᠣᠷᠣᠨ ᠳ᠋ᠠᠭᠠᠨ ᠣᠷᠣᠭᠤᠯᠤᠨ ᠳᠤᠯᠠᠭᠠᠴᠠᠭᠤᠯᠵᠤ᠂ ᠬᠣᠭᠣᠯᠠᠯᠠᠨ ᠤᠮᠳᠠᠯᠠᠳᠠᠭ ᠪᠠᠢᠭᠰᠠᠨ ᠢ᠋ ᠮᠠᠷᠲᠠᠭ᠎ᠠ ᠤᠤ᠃ ᠲᠥᠷᠥᠭᠰᠡᠨ ᠬᠣᠲᠠ ᠶ᠋ᠢᠨ ᠢ᠋ᠶ᠋ᠡᠨ ᠢᠷᠭᠡᠳ ᠢ᠋ ᠬᠦᠷᠲᠡᠯ᠎ᠡ ᠬᠠᠭᠠᠨ ᠤ᠋ ᠬᠠᠲᠤᠨ ᠤ᠋ ᠨᠡᠷ᠎ᠡ ᠰᠦᠷ ᠢ᠋ᠶ᠋ᠡᠷ ᠵᠠᠩᠳᠤᠷᠤᠨ ᠠᠯᠪᠠ ᠲᠠᠲᠠᠪᠤᠷᠢ ᠨᠡᠬᠡᠨ᠂ ᠵᠣᠳᠣᠵᠤ ᠵᠠᠨᠴᠢᠭᠰᠠᠨ ᠴᠢᠨᠢ ᠬᠤᠳᠠᠯ ᠬᠡᠷᠡᠭ ᠤᠤ᠃ ᠤᠷᠢᠳᠤ ᠨᠢ ᠪᠢᠳᠡ ᠣᠯᠤᠭᠰᠠᠨ ᠪᠦᠬᠦ ᠣᠷᠣᠯᠭ᠎ᠠ ᠠ᠋ᠴᠠ ᠪᠠᠨ ᠠᠷᠪᠠᠨ ᠬᠤᠪᠢ ᠶ᠋ᠢᠨ ᠲᠠᠲᠠᠪᠤᠷᠢ ᠬᠠᠭᠠᠨ ᠤ᠋ ᠠᠯᠪᠠᠨ ᠳ᠋ᠤ᠌ ᠥᠭᠳᠡᠭ ᠪᠠᠢᠭᠰᠠᠨ ᠪᠣᠯ ᠣᠳᠣ ᠬᠣᠷᠢᠨ ᠬᠤᠪᠢ ᠶ᠋ᠢᠨ ᠲᠠᠲᠠᠪᠤᠷᠢ ᠲᠥᠯᠥᠬᠦ ᠪᠣᠯᠤᠯ᠎ᠠ᠃ ᠠᠷᠠᠳ ᠲᠦᠮᠡᠨ ᠬᠡᠷᠬᠢᠬᠦ ᠪᠢᠯᠡ᠃ ᠡᠨᠡ ᠰᠢᠢᠳᠪᠦᠷᠢ ᠶ᠋ᠢ ᠵᠥᠪᠬᠡᠨ ᠪᠢ ᠡᠰᠡᠷᠭᠦᠴᠡᠵᠦ ᠪᠠᠢᠭ᠎ᠠ ᠬᠡᠷᠡᠭ ᠪᠢᠰᠢ ᠬᠡᠮᠡᠪᠡ᠃ ᠳᠦᠷᠭᠡᠨ᠎ᠡ ᠬᠠᠲᠤᠨ ᠺᠣᠷᠭᠣᠽ ᠨᠣᠶᠠᠨ ᠤ᠋ ᠦᠭᠡ ᠶ᠋ᠢ ᠰᠣᠨᠣᠰᠬᠤ ᠵᠠᠭᠤᠷ᠎ᠠ ᠠᠪᠲᠤᠯ ᠷᠠᠬᠠᠮᠠᠨ ᠢ᠋ ᠬᠠᠷᠠᠵᠤ᠂
— ᠠᠪᠲᠤᠯ ᠷᠠᠬᠠᠮᠠᠨ ᠡᠨᠡ ᠦᠨᠡᠨ ᠤᠤ ᠭᠡᠵᠦ ᠠᠰᠠᠭᠤᠯ᠎ᠠ᠃ ᠠᠪᠲᠤᠯ ᠷᠠᠬᠠᠮᠠᠨ ᠬᠠᠲᠤᠨ ᠤ᠋ ᠡᠮᠦᠨ᠎ᠡ ᠲᠦᠭᠳᠡᠴᠢᠨ ᠵᠣᠭᠰᠣᠬᠤ ᠳ᠋ᠤ᠌ ᠺᠣᠷᠭᠣᠽ ᠨᠣᠶᠠᠨᠲᠠᠨ ᠡᠪᠦᠷ ᠡᠴᠡ
ᠪᠠᠨ ᠬᠤᠢᠯᠠᠭᠰᠠᠨ ᠪᠢᠴᠢᠭ ᠭᠠᠷᠭᠠᠨ ᠢᠷᠡᠯ᠎ᠡ᠃ᠲᠡᠷᠡ ᠪᠡᠷ ᠴᠠᠭᠠᠰᠤ ᠶ᠋ᠢ ᠳᠡᠯᠭᠡᠨ ᠬᠠᠲᠤᠨ ᠡᠬᠡ ᠳ᠋ᠦ᠍ ᠡᠷᠭᠦᠪᠡ᠃ᠬᠠᠲᠤᠨ ᠡᠬᠡ ᠴᠠᠭᠠᠰᠤᠨ ᠳᠡᠭᠡᠷᠡᠬᠢ ᠪᠢᠴᠢᠭᠡᠰᠦ ᠶ᠋ᠢ ᠠᠮᠠᠨ ᠳ᠋ᠠᠭᠠᠨ ᠤᠩᠰᠢᠯ᠎ᠠ᠃
— ᠳᠣᠷᠣᠨᠠᠲᠤ ᠢᠷᠡᠨ ᠦ᠌ ᠭᠠᠵᠠᠷ ᠨᠤᠲᠤᠭ ᠲᠤ᠌ ᠰᠠᠭᠤᠭ᠎ᠠ ᠠᠷᠠᠳ ᠢᠷᠭᠡᠳ ᠦ᠋ᠨ ᠬᠠᠭᠠᠨ ᠤ᠋ ᠠᠯᠪᠠᠨ ᠳ᠋ᠤ᠌ ᠲᠥᠯᠥᠬᠦ ᠶᠣᠰᠣᠲᠠᠢ ᠲᠠᠲᠠᠪᠤᠷᠢ ᠶ᠋ᠢᠨ ᠬᠡᠮᠵᠢᠶ᠎ᠡ ᠶ᠋ᠢ ᠬᠣᠷᠢᠨ ᠬᠤᠪᠢ ᠪᠣᠯᠭᠠᠨ ᠥᠭᠡᠷᠡᠴᠢᠯᠡᠰᠦᠭᠡᠢ᠂ ᠲᠥᠷᠥ ᠶ᠋ᠢᠨ ᠶᠡᠬᠡ ᠬᠠᠲᠤᠨ ᠳᠦᠷᠭᠡᠨ᠎ᠡ ᠭᠡᠮᠡᠨ ᠤᠩᠰᠢᠵᠤ ᠳᠠᠭᠤᠰᠤᠭᠠᠳ ᠴᠠᠭᠠᠰᠤᠨ ᠳᠡᠭᠡᠷᠡᠬᠢ ᠲᠠᠮᠠᠭ᠎ᠠ ᠶ᠋ᠢ ᠬᠠᠷᠠᠪᠠ᠃
— ᠲᠥᠷᠥ ᠶ᠋ᠢᠨ ᠲᠠᠮᠠᠭ᠎ᠠ ᠮᠥᠨ ᠪᠠᠢᠨ᠎ᠠ᠃ᠪᠢ ᠡᠨᠡ ᠵᠠᠷᠯᠢᠭ ᠢ᠋ ᠪᠢᠴᠢᠭᠡ ᠦᠭᠡᠢ ᠠᠲᠠᠯ᠎ᠠ ᠶᠠᠭᠠᠬᠢᠬᠤ ᠪᠠᠷ ᠡᠨᠡ ᠮᠢᠨᠦ ᠭᠠᠷ ᠳᠡᠭᠡᠷ᠎ᠡ ᠪᠠᠢᠵᠤ ᠪᠠᠢᠳᠠᠭ ᠪᠢᠯᠡ ᠭᠡᠵᠦ ᠠᠰᠠᠭᠤᠬᠤ ᠳ᠋ᠤ᠌ ᠠᠪᠲᠤᠯ ᠷᠠᠬᠠᠮᠠᠨ ᠬᠡᠯᠡᠬᠦ ᠦᠭᠡ ᠦᠭᠡᠢ ᠡᠭᠡᠷᠡᠨ ᠵᠣᠭᠰᠣᠨ᠎ᠠ᠃
ᠦᠨᠡᠨ ᠳ᠋ᠡᠭᠡᠨ ᠪᠣᠯ ᠳᠦᠷᠭᠡᠨ᠎ᠡ ᠶᠡᠬᠡ ᠬᠠᠲᠤᠨ ᠠᠪᠲᠤᠯ ᠷᠠᠬᠠᠮᠠᠨ ᠳ᠋ᠤ᠌ ᠪᠦᠷᠢᠨ ᠢᠲᠡᠭᠡᠳᠡᠭ ᠪᠠᠢᠭᠰᠠᠨ ᠨᠢ ᠲᠡᠭᠦᠨ ᠢ᠋ ᠥᠨᠥᠳᠥᠷ ᠬᠠᠲᠤᠨ ᠤ᠋ ᠨᠡᠷ᠎ᠡ ᠶ᠋ᠢᠨ ᠡᠮᠦᠨ᠎ᠡ ᠡᠴᠡ ᠲᠥᠷᠥ ᠶ᠋ᠢᠨ ᠲᠠᠮᠠᠭ᠎ᠠ ᠲᠠᠢ ᠵᠠᠷᠯᠢᠭ ᠤ᠋ᠨ ᠪᠢᠴᠢᠭ ᠦᠢᠯᠡᠳᠦᠭᠦᠯᠬᠦ ᠳ᠋ᠦ᠍ ᠬᠦᠷᠭᠡᠵᠡᠢ᠃ᠡᠨᠡ ᠦᠶ᠎ᠡ ᠳ᠋ᠦ᠍ ᠬᠠᠲᠤᠨ ᠤ᠋ ᠰᠠᠨᠠᠭᠠᠨ ᠳ᠋ᠤ᠌ ᠨᠢᠭᠡᠨ ᠡᠳᠦᠷ ᠦ᠋ᠨ ᠬᠡᠷᠡᠭ ᠶᠠᠪᠤᠳᠠᠯ ᠲᠣᠳᠣᠷᠠᠨ ᠢᠷᠡᠯ᠎ᠡ᠃
ᠠᠪᠲᠤᠯ ᠷᠠᠬᠠᠮᠠᠨ ᠨᠡᠩ ᠪᠠᠶᠠᠷ ᠲᠠᠢ ᠪᠠᠷ ᠣᠷᠣᠵᠤ ᠢᠷᠡᠨ ᠬᠠᠭᠠᠨ ᠤ᠋ ᠰᠠᠩ ᠬᠥᠮᠥᠷᠭᠡ ᠠᠷᠪᠢᠵᠢᠨ ᠪᠣᠢ ᠨᠢ ᠬᠠᠲᠤᠨ ᠡᠬᠡ ᠶ᠋ᠢᠨ ᠤᠬᠠᠭᠠᠨᠲᠤ ᠪᠣᠳᠣᠯᠭ᠎ᠠ ᠲᠠᠢ ᠬᠣᠯᠪᠣᠭ᠎ᠠ ᠲᠠᠢ ᠭᠡᠵᠦ ᠮᠠᠭᠲᠠᠨ ᠶᠠᠷᠢᠬᠤ ᠵᠠᠭᠤᠷ᠎ᠠ ᠳ᠋ᠤ᠌ ᠨᠡᠯᠢᠶᠡᠳ ᠬᠡᠳᠦᠨ ᠬᠣᠭᠣᠰᠣᠨ ᠴᠠᠭᠠᠰᠤᠨ ᠳᠡᠭᠡᠷ᠎ᠡ ᠬᠠᠭᠠᠨ ᠤ᠋ ᠲᠠᠮᠠᠭ᠎ᠠ ᠶ᠋ᠢ ᠳᠠᠷᠤᠭᠤᠯᠤᠨ ᠠᠪᠤᠭᠠᠳ ᠭᠠᠷᠤᠭᠰᠠᠨ ᠪᠢᠯᠡ᠃ᠬᠠᠭᠠᠨᠲᠤ ᠲᠥᠷᠥ ᠶ᠋ᠢᠨ ᠲᠠᠮᠠᠭ᠎ᠠ ᠶ᠋ᠢ ᠬᠣᠭᠣᠰᠣᠨ ᠴᠠᠭᠠᠰᠤᠨ ᠳᠡᠭᠡᠷ᠎ᠡ ᠳᠠᠷᠤᠵᠤ ᠥᠭᠬᠦ ᠬᠦᠷᠲᠡᠯ᠎ᠡ ᠬᠠᠲᠤᠨ ᠤ᠋ ᠰᠡᠳᠬᠢᠯ ᠢ᠋ ᠣᠯᠵᠤ ᠴᠢᠳᠠᠨ᠎ᠠ ᠭᠡᠳᠡᠭ ᠦᠨᠡᠬᠡᠷ ᠭᠠᠢᠬᠠᠮᠰᠢᠭ ᠠᠵᠢ᠃ ᠳᠦᠷᠭᠡᠨ᠎ᠡ ᠬᠠᠲᠤᠨ ᠤ᠋ ᠰᠠᠯᠭᠠᠨᠠᠭᠰᠠᠨ ᠭᠠᠷ ᠲᠤ᠌ ᠲᠠᠮᠠᠭ᠎ᠠ ᠲᠠᠢ ᠴᠠᠭᠠᠰᠤ ᠴᠢᠴᠢᠭᠡᠨᠡᠨᠡ᠃
— ᠴᠢ ᠡᠨᠡ ᠮᠡᠲᠦ ᠲᠥᠷᠥ ᠶ᠋ᠢᠨ ᠲᠠᠮᠠᠭ᠎ᠠ ᠲᠠᠢ ᠴᠠᠭᠠᠰᠤ ᠠᠰᠢᠭᠯᠠᠨ ᠬᠡᠨ ᠳ᠋ᠦ᠍ ᠬᠡᠴᠢᠨᠡᠭᠡᠨ ᠵᠠᠷᠯᠢᠭ ᠭᠠᠷᠭᠠᠵᠤ᠂ ᠬᠠᠭᠠᠨᠲᠤ ᠲᠥᠷᠥ ᠶ᠋ᠢᠨ ᠨᠡᠷ᠎ᠡ ᠶ᠋ᠢᠨᠡᠮᠦᠨᠡ ᠡᠴᠡ ᠶᠠᠭᠤ ᠦᠢᠯᠡᠳᠦᠭᠰᠡᠨ ᠪᠣᠢ? ᠭᠡᠮᠡᠨ ᠴᠢᠩᠭ᠎ᠠ ᠪᠠᠷ ᠠᠰᠠᠭᠤᠯ᠎ᠠ᠃ᠦᠷᠭᠦᠭᠡᠨ ᠳ᠋ᠦ᠍ ᠨᠠᠮ ᠭᠦᠮ᠂ ᠬᠠᠲᠤᠨ ᠤ᠋ ᠭᠠᠷ ᠠ᠋ᠴᠠ ᠤᠨᠠᠭᠰᠠᠨ ᠮᠥᠩᠭᠥᠨ ᠵᠣᠭᠣᠰ ᠭᠠᠵᠠᠷ ᠲᠤ᠌ ᠡᠷᠭᠢᠯᠳᠦᠨ ᠪᠠᠢᠭᠰᠠᠨ ᠢ᠋ᠶ᠋ᠠᠨ ᠳᠣᠣᠷ᠎ᠠ ᠪᠠᠨ ᠵᠣᠭᠰᠣᠵᠤ᠂ ᠬᠠᠵᠠᠭᠤ ᠲᠠᠢᠰᠢ ᠥᠩᠬᠥᠷᠢᠨ ᠤᠨᠠᠯ᠎ᠠ᠃
ᠪᠤᠬᠠᠷ ᠬᠣᠲᠠ ᠳ᠋ᠤ᠌ ᠰᠠᠭᠠᠲᠠᠨ ᠡᠨᠡ ᠭᠠᠵᠠᠷ ᠤ᠋ᠨ ᠬᠡᠷᠡᠭ ᠢ᠋ ᠵᠠᠰᠠᠬᠤ ᠪᠠᠷ ᠢᠷᠡᠭᠰᠡᠨ ᠮᠣᠩᠭᠣᠯ ᠬᠠᠲᠤᠨ ᠤ᠋ ᠥᠷᠭᠥᠭᠡ ᠨᠡᠩ ᠰᠦᠷ ᠲᠡᠢ ᠬᠢᠭᠡᠳ ᠭᠣᠶᠣᠮᠰᠣᠭ ᠬᠠᠷᠠᠭᠳᠠᠨ᠎ᠠ᠃ ᠡᠨᠡ ᠬᠣᠲᠠ ᠪᠦᠬᠦᠯᠢ ᠳ᠋ᠡᠭᠡᠨ ᠲᠠᠯ᠎ᠠ ᠨᠤᠲᠤᠭ ᠤ᠋ᠨ ᠮᠣᠩᠭᠣᠯᠴᠤᠳ ᠤ᠋ᠨ ᠮᠣᠷᠢᠨ ᠤ᠋ ᠲᠣᠭᠣᠰᠣᠨ ᠳ᠋ᠤ᠌ ᠬᠤᠴᠢᠭᠳᠠᠨ ᠂ ᠲᠡᠳᠡᠨ ᠦ᠌ ᠬᠠᠷᠢᠶᠠᠨ ᠳ᠋ᠤ᠌ ᠣᠷᠣᠭᠰᠠᠨ ᠠ᠋ᠴᠠ ᠬᠣᠢᠰᠢ ᠣᠯᠠᠨ ᠵᠢᠯ ᠥᠩᠭᠡᠷᠡᠵᠡᠢ᠃ ᠭᠡᠪᠡᠴᠦ ᠥᠨᠥ ᠶ᠋ᠢ ᠬᠦᠷᠲᠡᠯ᠎ᠡ ᠬᠣᠲᠠ ᠶ᠋ᠢᠨ ᠲᠥᠪ ᠲᠤᠨᠢ ᠡᠢᠮᠦ ᠰᠦᠷᠯᠢᠭ ᠮᠣᠩᠭᠣᠯ ᠭᠡᠷ ᠪᠣᠰᠴᠤ ᠪᠠᠢᠭᠰᠠᠨ ᠤᠳᠠᠭ᠎ᠠ ᠦᠭᠡᠢ ᠲᠤᠯᠠ ᠨᠡᠩ ᠰᠣᠨᠢᠨ ᠠᠵᠤᠭᠤ᠃ ᠰᠤᠷᠬᠠᠭᠲᠠᠨᠢ ᠬᠠᠲᠤᠨ ᠦᠷᠭᠦᠭᠡᠨ ᠳ᠋ᠡᠭᠡᠨ ᠬᠦᠦ ᠬᠦᠯᠡᠬᠦ ᠶ᠋ᠢᠨ ᠬᠠᠮᠲᠤ ᠪᠠᠢᠨ᠎ᠠ᠃
— ᠬᠠᠲᠤᠨ ᠡᠬᠡ ᠮᠢᠨᠢ᠂ ᠲᠠ ᠨᠢᠭᠡ ᠶᠡᠬᠡ ᠰᠠᠨᠠᠭ᠎ᠠ ᠠᠯᠳᠠᠭᠠᠳ ᠪᠠᠢᠬᠤ ᠶᠤᠮ᠂ ᠰᠡᠳᠬᠢᠯ ᠰᠠᠨᠠᠭ᠎ᠠ ᠴᠢᠨᠢ ᠲᠠᠪᠠ ᠦᠭᠡᠢ ᠪᠠᠢᠨ᠎ᠠ ᠤᠤ ᠭᠡᠵᠦ ᠠᠰᠠᠭᠤᠬᠤ ᠳ᠋ᠤ᠌᠄
— ᠴᠢᠨᠦ ᠡᠴᠢᠭᠡ ᠲᠤᠯᠤᠢ᠂ ᠡᠪᠦᠭᠡ ᠡᠴᠢᠭᠡ ᠴᠢᠩᠭᠢᠰ ᠬᠠᠭᠠᠨ ᠨᠠᠷ ᠬᠣᠷᠢ ᠭᠠᠷᠤᠢ ᠵᠢᠯ ᠦ᠋ᠨ ᠡᠮᠦᠨ᠎ᠡ ᠡᠨᠡ ᠭᠠᠵᠠᠷ ᠢ᠋ ᠥᠪᠡᠷ ᠦ᠋ᠨ ᠬᠠᠷᠢᠶᠠᠨ ᠳ᠋ᠤ᠌ ᠣᠷᠣᠭᠤᠯᠵᠤ ᠪᠠᠢᠭᠰᠠᠨ᠃ ᠲᠡᠷᠡ ᠴᠠᠭ ᠠ᠋ᠴᠠ ᠬᠣᠢᠰᠢ ᠣᠯᠠᠨ ᠴᠤ᠌ ᠵᠢᠯ ᠥᠩᠭᠡᠷᠡᠵᠡᠢ ᠳᠡ ᠭᠡᠵᠦ ᠬᠡᠯᠡᠭᠡᠳ ᠲᠩᠷᠢ ᠪᠣᠯᠤᠭᠰᠠᠨ ᠬᠥᠮᠦᠰ ᠢ᠋ᠶ᠋ᠡᠨ ᠳᠤᠷᠠᠰᠤᠨ ᠪᠣᠢ ᠮᠡᠲᠦ ᠴᠢᠮᠡᠭᠡ ᠦᠭᠡᠢ ᠰᠠᠭᠤᠪᠠ᠃ ᠬᠥᠯᠡᠬᠦ᠄
— ᠡᠷᠳᠡᠮ ᠦ᠋ᠨ ᠬᠣᠲᠠ ᠶ᠋ᠢᠨ ᠡᠵᠡᠳ ᠪᠣᠯᠤᠭᠰᠠᠨ ᠡᠨᠡ ᠬᠥᠮᠦᠰ ᠦ᠋ᠨ ᠡᠮᠦᠨ᠎ᠡ ᠡᠴᠡ ᠶᠠᠮᠠᠷ ᠨᠢᠭᠡᠨ ᠰᠠᠢᠨ ᠰᠠᠢᠬᠠᠨ ᠵᠦᠢᠯ ᠬᠢᠬᠦ ᠶᠦᠮ ᠰᠠᠨ ᠭᠡᠰᠡᠨ ᠪᠣᠳᠣᠯ ᠲᠥᠷᠥᠬᠦ ᠶᠦᠮ᠃ ᠤᠭ ᠠ᠋ᠴᠠ ᠭᠠᠷ ᠤ᠋ᠨ ᠤᠷ᠎ᠠ ᠲᠦᠢ ᠪᠡᠷ ᠢ᠋ᠶ᠋ᠡᠨ ᠲᠡᠷᠢᠭᠦᠯᠡᠭᠰᠡᠨ ᠡᠨᠡ ᠭᠠᠵᠠᠷ ᠰᠣᠶᠣᠯ ᠤᠷᠠᠯᠢᠭ᠂ ᠡᠷᠳᠡᠮ ᠨᠣᠮ ᠠᠯᠢ ᠠᠯᠢ ᠨᠢ ᠴᠡᠴᠡᠭᠯᠡᠨ ᠬᠥᠭᠵᠢᠬᠦ ᠬᠢᠷᠢ ᠨᠢ ᠮᠠᠢᠮᠠᠢ ᠠᠷᠠᠯᠵᠢᠶ᠎ᠠ ᠴᠤ᠌ ᠲᠠᠰᠤᠷᠠᠬᠤ ᠦᠭᠡᠢ ᠦᠷᠭᠦᠯᠵᠢᠯᠡᠬᠦ ᠶᠦᠮ᠃ ᠮᠠᠢᠮᠠᠢ ᠠᠷᠠᠯᠵᠢᠶᠠᠨ ᠳ᠋ᠤ᠌ ᠬᠥᠯᠵᠢᠭᠰᠡᠨ ᠠᠷᠠᠳ ᠣᠯᠠᠨ ᠰᠣᠶᠣᠯ ᠤᠷᠠᠯᠢᠭ᠂ ᠰᠤᠷᠬᠤ ᠪᠣᠯᠪᠠᠰᠤᠷᠠᠬᠤ ᠪᠠᠨ ᠣᠷᠬᠢᠭᠳᠠᠭᠤᠯᠳᠠᠭ ᠪᠠᠢᠬᠤ ᠳ᠋ᠤ᠌ ᠡᠨᠡ ᠬᠥᠮᠦᠰ ᠲᠡᠢᠮᠦ ᠪᠢᠰᠢ ᠨᠢ ᠨᠠᠳᠠ ᠳ᠋ᠤ᠌ ᠪᠠᠬᠠᠳᠤᠯ ᠲᠠᠢ ᠰᠠᠨᠠᠭᠳᠠᠵᠤ ᠪᠠᠢᠨ᠎ᠠ ᠭᠡᠵᠦ ᠨᠡᠮᠡᠵᠦ ᠬᠡᠯᠡᠯ᠎ᠡ᠃ ᠬᠦᠦ ᠶ᠋ᠢᠨ ᠬᠡᠯᠡᠭᠰᠡᠨ ᠦᠭᠡ ᠦᠨᠡᠨ ᠪᠣᠯᠬᠤ ᠶ᠋ᠢ ᠬᠠᠲᠤᠨ ᠡᠬᠡ ᠳᠣᠲᠣᠷ᠎ᠠ ᠪᠠᠨ ᠡᠷᠭᠢᠴᠡᠭᠦᠯᠦᠨ᠂
— ᠡᠵᠢ ᠨᠢ ᠡᠨᠳᠡ ᠢᠷᠡᠭᠡᠳ ᠫᠧᠷᠰ ᠬᠡᠯᠡ ᠳᠡᠭᠡᠷ᠎ᠡ ᠪᠢᠴᠢᠭᠳᠡᠭᠰᠡᠨ ᠡᠷᠲᠡᠨ ᠦ᠌ ᠣᠯᠠᠨ ᠰᠤᠳᠤᠷ ᠤ᠋ᠳ ᠢ᠋ ᠰᠡᠬᠦᠨ ᠬᠠᠷᠠᠵᠤ ᠰᠠᠭᠤᠯ᠎ᠠ᠃ ᠬᠠᠷᠢᠨ ᠲᠡᠢᠨ ᠦ᠌ ᠬᠥᠯ ᠳ᠋ᠦ᠍ ᠲᠠᠬᠠᠯᠠᠭᠳᠠᠭᠰᠠᠨ ᠡᠨᠡ ᠭᠠᠵᠠᠷ ᠲᠤ᠌ ᠰᠢᠨ᠎ᠡ ᠪᠡᠷ ᠲᠥᠷᠥᠵᠦ ᠪᠠᠢᠭ᠎ᠠ ᠬᠡᠦᠬᠡᠳ ᠦ᠋ᠳ ᠴᠠᠭ ᠢᠷᠡᠬᠦ ᠲᠣᠰᠤᠮ ᠰᠣᠶᠣᠯ ᠪᠣᠯᠪᠠᠰᠤᠷᠠᠯ ᠠ᠋ᠴᠠ ᠬᠣᠯᠠᠳᠬᠤ ᠶᠤᠮ ᠰᠢᠭ᠋ ᠠᠢᠳᠠᠰ ᠲᠥᠷᠥᠬᠦ ᠪᠣᠯᠤᠯ᠎ᠠ᠃ ᠨᠢᠭᠡᠨᠲᠡ ᠥᠪᠡᠷ ᠦ᠋ᠨ ᠭᠠᠵᠠᠷ ᠪᠣᠯᠤᠭᠰᠠᠨ ᠲᠤᠯᠠ ᠡᠨᠳᠡᠬᠢ ᠶ᠋ᠢᠨ ᠬᠡᠷᠡᠭ ᠢ᠋ ᠪᠢᠳᠡ ᠵᠠᠰᠠᠨ ᠶᠠᠪᠤᠭᠤᠯᠵᠤ᠂ ᠢᠷᠡᠭᠡᠳᠦᠢ ᠬᠣᠢᠴᠢ ᠶ᠋ᠢ ᠨᠢ ᠬᠥᠲᠥᠯᠬᠦ ᠡᠭᠦᠷᠭᠡ ᠲᠡᠢ ᠲᠤᠯᠠ ᠰᠤᠷᠭᠠᠭᠤᠯᠢ ᠪᠠᠢᠭᠤᠯᠪᠠᠯ ᠶᠠᠮᠠᠷ ᠪᠣᠢ ᠭᠡᠮᠡᠨ ᠠᠰᠠᠭᠤᠪᠠ᠃
— ᠰᠤᠷᠭᠠᠭᠤᠯᠢ ᠪᠠᠢᠭᠤᠯᠤᠨ᠎ᠠ ᠭᠡᠪᠡ ᠤᠤ?
— ᠲᠡᠢᠮᠦ ᠠ᠋᠃
— ᠡᠨᠡ ᠠᠵᠢᠯ ᠳ᠋ᠤ᠌ ᠶᠡᠬᠡ ᠮᠥᠩᠭᠥ ᠬᠡᠷᠡᠭ ᠪᠣᠯᠤᠨ᠎ᠠ᠃ ᠠᠷᠠᠳ ᠲᠦᠮᠡᠨ ᠦ᠌ ᠠᠮᠢᠳᠤᠷᠠᠯ ᠳᠣᠷᠣᠢ ᠪᠠᠢᠬᠤ ᠳ᠋ᠤ᠌ ᠲᠡᠷᠡ ᠮᠥᠩᠭᠥ ᠶ᠋ᠢ ᠬᠠᠲᠤᠨ ᠡᠬᠡ ᠲᠠ ᠬᠠᠮᠢᠭ᠎ᠠ ᠠ᠋ᠴᠠ ᠪᠣᠢ ᠪᠣᠯᠭᠠᠬᠤ ᠭᠡᠵᠦ ᠪᠠᠢᠨ᠎ᠠ ᠳᠠ᠃ ᠬᠠᠭᠠᠨ ᠤ᠋ ᠰᠠᠩ ᠠ᠋ᠴᠠ ᠪᠣᠯ ᠬᠡᠴᠡᠭᠦᠬᠡᠨ ᠯᠡ ᠪᠠᠢᠬᠤ ᠪᠣᠯᠪᠠ ᠤᠤ ᠭᠡᠬᠦ ᠳ᠋ᠦ᠍ ᠰᠤᠷᠬᠠᠭᠲᠠᠨᠢ ᠬᠠᠲᠤᠨ᠄
— ᠥᠪᠡᠷ ᠦ᠋ᠨ ᠪᠠᠢᠭ᠎ᠠ ᠬᠥᠷᠥᠩᠭᠡ ᠶ᠋ᠢ ᠵᠣᠷᠢᠭᠤᠯᠤᠶ᠎ᠠ ᠭᠡᠯᠡ᠃
ᠬᠠᠲᠤᠨ ᠡᠬᠡ ᠨᠢ ᠬᠠᠮᠢᠭ᠎ᠠ ᠪᠠᠢᠭᠰᠠᠨ ᠪᠤᠬᠠᠷ ᠬᠣᠲᠠ ᠶ᠋ᠢᠨ ᠬᠡᠦᠬᠡᠳ ᠦ᠋ᠳ ᠢ᠋ ᠰᠤᠷᠭᠠᠬᠤ ᠰᠤᠷᠭᠠᠭᠤᠯᠢ ᠪᠠᠢᠭᠤᠯᠬᠤ ᠰᠠᠨᠠᠯ ᠬᠡᠯᠡᠵᠦ᠂ ᠵᠠᠷᠤᠳᠠᠯ ᠮᠥᠩᠭᠥ ᠶ᠋ᠢ ᠨᠢ ᠥᠪᠡᠷ ᠦ᠋ᠨ ᠰᠠᠩ ᠠ᠋ᠴᠠ ᠭᠠᠷᠭᠠᠬᠤ ᠰᠢᠢᠳᠪᠦᠷᠢ ᠭᠠᠷᠭᠠᠵᠤ ᠪᠠᠢᠭ᠎ᠠ ᠳ᠋ᠤ᠌ ᠬᠦᠯᠡᠬᠦ ᠭᠠᠢᠬᠠᠬᠤ᠂ ᠪᠠᠰᠠ ᠬᠦ᠌ ᠪᠠᠬᠠᠷᠬᠠᠬᠤ ᠰᠡᠳᠬᠢᠯ ᠲᠥᠷᠥᠵᠦ ᠪᠠᠢᠪᠠ᠃ ᠬᠠᠲᠤᠨ ᠶᠠᠷᠢᠶ᠎ᠠ ᠪᠠᠨ ᠦᠷᠭᠦᠯᠵᠢᠯᠡᠭᠦᠯᠦᠨ᠂
— ᠡᠵᠡᠯᠡᠨ ᠠᠪᠤᠭᠰᠠᠨ ᠴᠤ᠌ ᠪᠠᠢ᠂ ᠲᠥᠷᠥᠵᠦ ᠥᠰᠦᠭᠰᠡᠨ ᠴᠤ᠌ ᠪᠠᠢ ᠡᠨᠡ ᠭᠠᠵᠠᠷ ᠨᠤᠲᠤᠭ ᠪᠣᠯ ᠪᠢᠳᠡᠨ ᠦ᠌ ᠬᠢ᠃ ᠪᠢᠳᠡᠨ ᠦ᠌ ᠶᠠᠮᠠᠷ ᠪᠣᠳᠣᠯᠭ᠎ᠠ ᠶᠠᠪᠤᠭᠤᠯᠬᠤ ᠠ᠋ᠴᠠ ᠰᠢᠯᠲᠠᠭᠠᠯᠠᠵᠤ᠂ ᠢᠷᠡᠭᠡᠳᠦᠢ ᠬᠣᠢᠴᠢ ᠶ᠋ᠢᠨ ᠵᠠᠮ ᠮᠥᠷ ᠨᠡᠭᠡᠭᠡᠭᠳᠡᠬᠦ ᠤᠴᠢᠷ ᠲᠠᠢ᠃ ᠠᠩᠵᠠᠭᠠᠷᠠᠭᠠᠳ ᠪᠠᠢᠬᠤ ᠳ᠋ᠤ᠌ ᠡᠨᠡ ᠭᠠᠵᠠᠷ ᠤ᠋ᠨ ᠣᠨᠴᠠᠯᠢᠭ᠂ ᠬᠥᠮᠦᠨ ᠵᠤᠨ ᠤ᠋ ᠰᠡᠳᠬᠢᠯ ᠳ᠋ᠦ᠍ ᠨᠡᠢᠴᠡᠬᠦ ᠠᠵᠢᠯ ᠪᠣᠯ ᠡᠬᠢᠨ ᠦ᠌ ᠡᠭᠡᠯᠵᠢᠨ ᠳ᠋ᠦ᠍ ᠡᠨᠡ ᠪᠣᠯᠪᠠ ᠤᠤ᠃
ᠬᠠᠲᠤᠨ ᠡᠬᠡ ᠶ᠋ᠢᠨ ᠦᠷᠭᠦᠭᠡᠨ ᠳ᠋ᠦ᠍ ᠡᠢᠨ ᠶᠠᠷᠢᠶ᠎ᠠ ᠪᠣᠯᠤᠭᠰᠠᠨ ᠤ᠋ ᠳᠠᠷᠠᠭᠠᠬᠠᠨ ᠥᠯᠢ ᠢᠰᠯᠠᠮ ᠪᠣᠯᠤᠨ ᠪᠤᠬᠠᠷ ᠬᠣᠲᠠ ᠶ᠋ᠢᠨ ᠬᠡᠷᠡᠭ ᠢ᠋ ᠲᠦᠷ ᠬᠠᠮᠢᠶᠠᠷᠤᠭᠴᠢ ᠰᠠᠢᠹ ᠠᠳ᠋ ᠳ᠋ᠢᠨ ᠨᠠᠷ ᠬᠦᠷᠦᠯᠴᠡᠨ ᠢᠷᠡᠵᠦ᠂
— ᠬᠠᠲᠤᠨ ᠡᠬᠡ ᠶ᠋ᠢᠨ ᠠᠢᠯᠠᠳᠪᠤᠷᠢ ᠶ᠋ᠢ ᠰᠣᠨᠣᠰᠤᠨ ᠪᠠᠶᠠᠷᠯᠠᠬᠤ ᠳ᠋ᠠᠭᠠᠨ ᠲᠡᠷᠡ ᠳᠣᠣᠷ᠎ᠠ ᠪᠠᠨ ᠭᠦᠶᠦᠭᠡ ᠪᠡᠷ ᠢ᠋ᠶ᠋ᠡᠨ ᠬᠦᠷᠴᠦ ᠢᠷᠡᠯ᠎ᠡ ᠭᠡᠵᠦ ᠲᠠᠯᠠᠷᠬᠠᠨ ᠬᠡᠯᠡᠯ᠎ᠡ᠃ ᠰᠤᠷᠬᠠᠭᠲᠠᠨᠢ ᠬᠠᠲᠤᠨ ᠰᠢᠷᠡᠭᠡᠨ ᠳᠡᠭᠡᠷ᠎ᠡ ᠥᠷᠥᠭᠡᠰᠦᠲᠡᠢ ᠮᠥᠩᠭᠥᠨ ᠭᠤᠯᠤᠤᠵᠠ( ᠬᠤᠢᠯᠠᠭᠰᠠᠨ ᠮᠥᠩᠭᠥᠨ ᠵᠣᠭᠣᠰ) ᠢ᠋ ᠵᠢᠭᠠᠭᠠᠳ᠄
— ᠡᠨᠳᠡ ᠮᠢᠩᠭᠠᠨ ᠮᠥᠩᠭᠥᠨ ᠭᠤᠯᠤᠤᠵᠠ ᠪᠠᠢᠭ᠎ᠠ᠂ ᠡᠨᠡ ᠮᠥᠩᠭᠥ ᠪᠡᠷ ᠬᠡᠳᠦᠨ ᠬᠡᠦᠬᠡᠳ ᠦ᠋ᠨ ᠰᠤᠷᠭᠠᠭᠤᠯᠢ ᠪᠠᠷᠢᠵᠤ ᠪᠣᠯᠬᠤ ᠪᠣᠢ ᠭᠡᠵᠦ ᠠᠰᠠᠭᠤᠯ᠎ᠠ᠃ ᠲᠡᠳᠡ ᠰᠢᠷᠡᠭᠡᠨ ᠳᠡᠭᠡᠷ᠎ᠡ ᠪᠠᠢᠭ᠎ᠠ ᠲᠡᠷᠡ ᠶᠡᠬᠡ ᠮᠥᠩᠭᠥ ᠶ᠋ᠢ ᠬᠠᠷᠠᠭᠠᠳ᠂
—ᠬᠠᠲᠤᠨ ᠡᠬᠡ ᠮᠢᠨᠢ ᠲᠠᠨ ᠤ᠋ ᠠᠴᠢᠯᠠᠯ ᠡᠨᠡᠷᠢᠯ ᠲᠩᠷᠢ ᠮᠡᠲᠦ ᠥᠨᠳᠥᠷ᠂ ᠲᠠᠩᠭᠢᠰ ᠳᠠᠯᠠᠢ ᠮᠡᠲᠦ ᠭᠦᠨ ᠭᠦᠨᠵᠡᠭᠡᠢ ᠶ᠋ᠢ ᠬᠠᠷᠠᠵᠤ ᠪᠠᠢᠨ᠎ᠠ᠃ ᠡᠨᠡ ᠮᠥᠩᠭᠥ ᠪᠡᠷ ᠮᠢᠩᠭᠠᠨ ᠬᠡᠦᠬᠡᠳ ᠢ᠋ ᠴᠦ᠍ ᠪᠠᠭᠲᠠᠭᠠᠬᠤ ᠰᠤᠷᠭᠠᠭᠤᠯᠢ ᠪᠠᠷᠢᠬᠤ ᠪᠣᠯᠤᠮᠵᠢ ᠲᠠᠢ ᠭᠡᠵᠦ ᠬᠡᠯᠡᠯ᠎ᠡ᠃
— ᠲᠡᠢᠮᠦ ᠪᠣᠯ ᠰᠤᠷᠭᠠᠭᠤᠯᠢ ᠪᠠᠷᠢᠬᠤ ᠠᠵᠢᠯ ᠢ᠋ ᠶᠠᠭᠠᠷᠠᠪᠴᠢᠯᠠᠨ ᠡᠬᠢᠯᠡᠭᠦᠯ᠂ ᠬᠠᠷᠢᠨ ᠬᠡᠦᠬᠡᠳ ᠦ᠋ᠳ ᠪᠣᠯᠤᠨ ᠪᠠᠭᠰᠢ ᠠᠵᠢᠯᠴᠢᠳ ᠢ᠋ ᠪᠠᠢᠯᠭᠠᠬᠤ ᠰᠠᠭᠤᠴᠠ ᠶ᠋ᠢ ᠬᠠᠮᠲᠤ ᠪᠠᠷᠢᠪᠠᠯ ᠰᠠᠢᠨ ᠰᠠᠨᠠᠭᠳᠠᠨ᠎ᠠ ᠭᠡᠪᠡ᠃
ᠰᠠᠶ᠋ᠢᠹ ᠠᠳ᠋ ᠳ᠋ᠢᠨ ᠭᠠᠳᠠᠨ᠎ᠠ ᠠ᠋ᠴᠠ ᠬᠥᠮᠦᠨ ᠳᠠᠭᠤᠳᠠᠨ ᠢᠷᠡᠭᠦᠯᠵᠦ᠂ ᠮᠢᠩᠭᠠᠨ ᠮᠥᠩᠭᠥᠨ ᠭᠤᠯᠤᠤᠵᠠ ᠶ᠋ᠢ ᠳᠠᠭᠠᠭᠠᠵᠤ ᠶᠠᠳᠠᠨ ᠵᠥᠭᠡᠭᠡᠵᠦ᠂ ᠬᠠᠲᠤᠨ ᠤ᠋ ᠠᠪᠤᠷᠠᠯ ᠡᠨᠡᠷᠢᠯ ᠳ᠋ᠦ᠍ ᠲᠠᠯᠠᠷᠬᠠᠨ ᠬᠣᠢᠰᠢ ᠤᠬᠤᠷᠢᠭᠰᠠᠭᠠᠷ ᠭᠠᠷᠴᠤ ᠣᠳᠪᠠ᠃ ᠡᠨᠡ ᠡᠳᠦᠷ ᠡᠴᠡ ᠬᠣᠢᠰᠢ ᠪᠤᠬᠠᠷ ᠬᠣᠲᠠ ᠳ᠋ᠤ᠌ ᠰᠢᠪᠡ ᠨᠢ ᠲᠠᠯᠪᠢᠭᠳᠠᠵᠤ ᠡᠬᠢᠯᠡᠭᠰᠡᠨ ᠮᠢᠩᠭᠠᠨ ᠬᠡᠦᠬᠡᠳ ᠦ᠋ᠨ ᠰᠤᠷᠭᠠᠭᠤᠯᠢ ᠪᠠᠷᠢᠬᠤ ᠠᠵᠢᠯ ᠡᠬᠢᠯᠡᠯ᠎ᠡ᠃ ᠬᠠᠲᠤᠨ ᠡᠬᠡ ᠶ᠋ᠢᠨ ᠠᠯᠳᠠᠷ ᠰᠤᠤ ᠶ᠋ᠢ ᠮᠥᠩᠬᠡᠯᠡᠨ ᠠᠷᠠᠳ ᠢᠷᠭᠡᠳ ᠡᠨᠡ ᠰᠤᠷᠭᠠᠭᠤᠯᠢ ᠶ᠋ᠢᠨ ᠰᠠᠭᠤᠷᠢ ᠠᠩᠬ᠎ᠠ ᠲᠠᠯᠪᠢᠭᠳᠠᠵᠤ ᠡᠬᠢᠯᠡᠭᠰᠡᠨ ᠡᠴᠡ ᠯᠡ 《ᠬᠠᠲᠤᠨ ᠤ᠋ ᠰᠤᠷᠭᠠᠭᠤᠯᠢ》 ᠭᠡᠮᠡᠨ ᠨᠡᠷᠡᠯᠡᠬᠦ ᠪᠣᠯᠵᠠᠢ᠃
*
ᠰᠥᠨᠢ ᠶ᠋ᠢᠨ ᠠᠨᠢᠷ ᠦᠭᠡᠢ ᠶ᠋ᠢ ᠡᠪᠳᠡᠨ ᠴᠠᠳ ᠫᠠᠳ ᠬᠢᠨ ᠳᠤᠤᠭᠠᠷᠬᠤ ᠴᠢᠮᠡᠭᠡ ᠭᠠᠷᠴᠤ ᠪᠠᠢᠭᠰᠠᠨ ᠢ᠋ᠶ᠋ᠠᠨ ᠲᠦᠳᠡ ᠤᠳᠠᠯ ᠦᠭᠡᠢ ᠪᠠᠳᠮᠠᠯᠠᠨ ᠠᠰᠠᠭᠰᠠᠨ ᠭᠠᠯ ᠤ᠋ᠨ ᠭᠡᠷᠡᠯ ᠳ᠋ᠦ᠍ ᠣᠷᠴᠢᠨ ᠤ᠋ ᠶᠠᠭᠤ ᠪᠦᠬᠦᠨ ᠲᠣᠳᠣᠬᠠᠨ ᠬᠠᠷᠠᠭᠳᠠᠬᠤ ᠪᠠᠷ ᠪᠣᠯᠤᠯ᠎ᠠ᠃ᠤᠯᠠᠭᠠᠨ ᠭᠠᠯ ᠳᠦᠷᠡᠯᠵᠡᠨ ᠠᠰᠠᠵᠤ ᠭᠠᠯᠵᠠᠭᠤᠷᠠᠭᠰᠠᠨ ᠮᠡᠲᠦ ᠡᠷᠭᠢᠨ ᠲᠣᠭᠣᠷᠢᠨ ᠢ᠋ᠶ᠋ᠠᠨ ᠬᠠᠢᠯᠤᠭᠤᠯᠤᠨ ᠤᠷᠤᠰᠬᠠᠵᠤ ᠡᠬᠢᠯᠡᠯ᠎ᠡ᠃ ᠡᠨᠡ ᠵᠠᠭᠤᠷ᠎ᠠ ᠳ᠋ᠤ᠌ ᠨᠢᠭᠡᠨ ᠮᠣᠷᠢᠲᠠᠨ ᠰᠡᠩᠳᠡ ᠮᠡᠩᠳᠡ ᠬᠠᠵᠠᠭᠤ ᠠᠭᠤᠯᠠ ᠶ᠋ᠢᠨ ᠡᠩᠭᠡᠷ ᠢ᠋ ᠳᠠᠪᠠᠨ ᠳᠠᠯᠳᠠ ᠣᠷᠣᠵᠤ ᠪᠣᠢ ᠪᠦᠳᠡᠭᠢ ᠪᠡᠲᠡᠭᠢ ᠳᠦᠷᠰᠦ ᠬᠠᠷᠠᠭᠳᠠᠬᠤ ᠲᠠᠢ ᠦᠭᠡᠢ ᠲᠡᠢ ᠪᠣᠯᠤᠭᠠᠳ ᠠᠯᠠᠭ᠎ᠠ ᠪᠣᠯᠤᠯ᠎ᠠ᠃ ᠣᠢᠷᠠᠯᠴᠠᠭ᠎ᠠ ᠭᠡᠷ ᠡᠴᠡ ᠨᠢᠭᠡᠨ ᠡᠷᠡᠭᠲᠡᠢ ᠬᠥᠮᠦᠨ ᠨᠣᠢᠷᠮᠤᠭᠯᠠᠨ ᠭᠠᠷᠴᠤ ᠢᠷᠡᠵᠦ᠂ ᠬᠠᠵᠠᠭᠠᠢ ᠭᠢᠰᠬᠢᠨ ᠶᠠᠪᠤᠵᠤ ᠪᠠᠢᠭᠠᠳ ᠳᠣᠣᠷ᠎ᠠ ᠪᠠᠨ ᠵᠣᠭᠰᠣᠵᠤ ᠮᠣᠷᠢ ᠬᠠᠷᠠᠬᠤ ᠵᠠᠭᠤᠷ᠎ᠠ ᠳ᠋ᠤ᠌ ᠰᠠᠶᠢ ᠳᠦᠷᠡᠯᠵᠡᠨ ᠠᠰᠠᠭᠰᠠᠨ ᠭᠠᠯ ᠢ᠋ ᠬᠠᠷᠠᠨ ᠬᠡᠢ ᠳᠡᠮᠡᠢ ᠯᠡ ᠠᠮᠠ ᠨᠢ ᠠᠩᠭᠠᠯᠵᠠᠨ ᠬᠡᠰᠡᠭ ᠪᠣᠯᠤᠭᠠᠳ᠂
— ᠭᠠᠯ᠁ ᠭᠠᠯ ᠭᠠᠷᠤᠯ᠎ᠠ ᠭᠡᠮᠡᠨ ᠬᠠᠰᠬᠢᠷᠬᠤ ᠲᠡᠳᠦᠢ ᠳ᠋ᠦ᠍ ᠠᠢᠯ ᠤ᠋ᠳ ᠤ᠋ᠨ ᠭᠡᠷ ᠡᠴᠡ ᠬᠥᠮᠦᠰ ᠰᠠᠨᠳᠤᠴᠢᠨ ᠭᠠᠷᠴᠤ ᠣᠷᠣᠬᠤ ᠨᠢ ᠦᠵᠡᠭᠳᠡᠭᠡᠳ᠂ ᠤᠰᠤ ᠲᠠᠢ ᠰᠠᠪᠠ ᠵᠥᠭᠡᠭᠡᠨ ᠳᠦᠷᠡᠯᠵᠡᠨ ᠪᠣᠢ ᠭᠠᠯ ᠤᠷᠤᠭᠤ ᠰᠠᠴᠤᠭᠰᠠᠭᠠᠷ ᠪᠠᠢᠬᠤ ᠠᠪᠠᠴᠤ ᠨᠢᠭᠡᠨᠲᠡ ᠠᠰᠠᠭᠰᠠᠨ ᠭᠠᠯ ᠬᠦᠴᠦᠷᠡᠭᠳᠡᠬᠦ ᠪᠡᠨ ᠥᠩᠭᠡᠷᠡᠵᠡᠢ᠃
— ᠬᠠᠲᠤᠨ ᠡᠬᠡ ᠮᠢᠨᠢ᠃ ᠬᠠᠲᠤᠨ ᠡᠬᠡ ᠮᠢᠨᠢ ᠬᠡᠷᠬᠢᠬᠦ ᠪᠢᠯᠡ ᠭᠡᠵᠦ ᠬᠡᠯᠡᠭᠡᠳ ᠠᠰᠠᠭᠰᠠᠨ ᠭᠠᠯ ᠤ᠋ᠨ ᠳᠤᠮᠳᠠ ᠠ᠋ᠴᠠ ᠭᠠᠷᠴᠤ ᠢᠷᠡᠵᠦ ᠪᠣᠢ ᠬᠥᠮᠦᠨ ᠢ᠋ ᠬᠠᠷᠠᠪᠠᠯ ᠰᠤᠷᠬᠠᠭᠲᠠᠨᠢ ᠬᠠᠲᠤᠨ ᠤ᠋ ᠥᠬᠢᠨ ᠲᠡᠮᠦᠬᠡᠨ ᠪᠡᠬᠢ ᠪᠠᠢᠬᠤ ᠪᠥᠭᠡᠳ ᠬᠠᠴᠠᠷ ᠲᠤᠨᠢ ᠦᠨᠡᠰᠦ ᠨᠣᠷᠮ᠎ᠠ ᠨᠠᠭᠠᠯᠳᠤᠨ ᠰᠢᠷᠣᠢ ᠪᠣᠯᠤᠭᠰᠠᠨ ᠬᠠᠷᠠᠭᠳᠠᠨ᠎ᠠ᠃ ᠬᠠᠲᠤᠨ ᠡᠬᠡ ᠶ᠋ᠢᠨ ᠨᠣᠮ ᠤ᠋ᠨ ᠥᠷᠭᠥᠭᠡ ᠬᠠᠢᠯᠵᠠᠢ᠃ ᠲᠡᠷᠡ ᠭᠠᠯ ᠳᠤᠮᠳᠠᠭᠤᠷ ᠭᠦᠶᠦᠨ ᠣᠷᠣᠵᠤ《ᠠᠯᠲᠠᠨ ᠰᠤᠳᠤᠷ》 ᠢ᠋ ᠲᠡᠪᠡᠷᠢᠨ ᠭᠠᠷᠴᠤ ᠢᠷᠡᠭᠰᠡᠨ ᠪᠠᠢᠯ᠎ᠠ᠃ ᠰᠤᠳᠤᠷ ᠤ᠋ᠨ ᠲᠠᠯ᠎ᠠ ᠨᠢ ᠰᠢᠳᠡᠵᠡᠢ᠃ ᠲᠡᠭ ᠳᠤᠮᠳᠠ ᠪᠠᠨ ᠬᠦᠷᠲᠡᠯ᠎ᠡ ᠰᠢᠲᠠᠵᠤ ᠦᠨᠡᠰᠦ ᠪᠣᠯᠤᠭᠰᠠᠨ ᠰᠤᠳᠤᠷ ᠢ᠋ᠶ᠋ᠠᠨ ᠲᠡᠪᠡᠷᠢᠭᠰᠡᠨ ᠴᠢᠭ ᠲᠡᠭᠡᠨ ᠬᠥᠰᠢᠭᠰᠡᠨ ᠮᠡᠲᠦ ᠵᠣᠭᠰᠣᠬᠤ ᠲᠡᠮᠦᠬᠡᠨ ᠪᠡᠬᠢ ᠶ᠋ᠢᠨ ᠨᠢᠳᠦᠨ ᠳ᠋ᠦ᠍ ᠪᠦᠷᠬᠦᠭᠰᠡᠨ ᠨᠢᠯᠪᠤᠰᠤ ᠨᠢ ᠬᠦᠷᠲᠡᠯ᠎ᠡ ᠤᠨᠠᠵᠤ ᠴᠢᠳᠠᠬᠤ ᠦᠭᠡᠢ ᠬᠡᠪ ᠢ᠋ᠶ᠋ᠡᠷ ᠲᠣᠭᠲᠠᠭᠰᠠᠨ ᠪᠠᠢᠪᠠ᠃ ᠨᠣᠮ ᠤ᠋ᠨ ᠦᠷᠭᠦᠭᠡᠨ ᠳ᠋ᠦ᠍ ᠭᠠᠷᠤᠭᠰᠠᠨ ᠭᠠᠯ ᠲᠦᠳᠡ ᠤᠳᠠᠯ ᠦᠭᠡᠢ ᠳᠣᠲᠣᠷᠠᠬᠢ ᠶᠠᠭᠤᠮᠠᠰ ᠢ᠋ ᠬᠠᠢᠯᠤᠭᠤᠯᠤᠨ ᠤᠷᠤᠰᠬᠠᠯ᠎ᠠ᠃
— ᠡᠴᠢᠭᠡ ᠲᠩᠷᠢ ᠮᠢᠨᠢ᠂ ᠶᠠᠭᠤ ᠪᠣᠯᠬᠤ ᠨᠢ ᠡᠨᠡ ᠪᠣᠢ?
— ᠣᠢᠷ᠎ᠠ ᠳ᠋ᠤ᠌ ᠬᠥᠮᠦᠨ ᠣᠷᠣᠵᠤ ᠭᠡᠷᠡᠯ ᠭᠠᠷᠭᠠᠭ᠎ᠠ ᠦᠭᠡᠢ ᠪᠠᠢᠲᠠᠯ᠎ᠠ ᠨᠣᠮ ᠤ᠋ᠨ ᠥᠷᠭᠥᠭᠡ ᠶᠠᠭᠠᠬᠢᠬᠤ ᠪᠠᠷ ᠢ᠋ᠶ᠋ᠠᠨ ᠰᠥᠨᠢ ᠳᠦᠯᠢ ᠪᠡᠷ ᠬᠠᠢᠯᠤᠨ ᠤᠷᠤᠰᠪᠠ?
— ᠤᠷᠢᠳ ᠰᠥᠨᠢ ᠬᠡᠨ ᠨᠢᠭᠡᠨ ᠡᠨᠡ ᠦᠷᠭᠦᠭᠡᠨ ᠳ᠋ᠦ᠍ ᠪᠠᠢᠭᠰᠠᠨ ᠯᠠ ᠪᠠᠢᠨ᠎ᠠ ᠳᠠ᠃ ᠲᠡᠭᠡᠭᠡᠳ ᠳ᠋ᠧᠩ ᠢ᠋ᠶ᠋ᠡᠨ ᠳᠤᠲᠠᠭᠤ ᠤᠨᠲᠠᠷᠠᠭᠠᠭᠰᠠᠨ ᠠ᠋ᠴᠠ ᠡᠨᠡ ᠬᠡᠷᠡᠭ ᠪᠣᠯᠤᠭᠰᠠᠨ ᠪᠣᠯᠪᠠ ᠤᠤ?
— ᠠᠢ ᠬᠠᠯᠠᠭ ᠭᠡᠵᠦ ᠣᠳᠣ ᠶᠠᠭᠠᠬᠢᠬᠤ ᠪᠢᠯᠡ᠃ ᠬᠠᠲᠤᠨ ᠡᠬᠡ ᠶ᠋ᠢ ᠢᠷᠡᠬᠦ ᠪᠡᠷ ᠶᠠᠭᠤ ᠭᠡᠵᠦ ᠬᠡᠯᠡᠬᠦ ᠪᠢᠯᠡ ᠭᠡᠮᠡᠨ ᠠᠭᠤᠷᠠᠭ ᠤ᠋ᠨ ᠭᠠᠳᠠᠭ᠎ᠠ ᠬᠥᠮᠦᠰ ᠬᠡᠷᠬᠢᠬᠦ ᠪᠡᠨ ᠮᠡᠳᠡᠬᠦ ᠦᠭᠡᠢ ᠭᠠᠰᠠᠯᠤᠨ ᠪᠠᠢᠬᠤ ᠵᠠᠭᠤᠷ᠎ᠠ ᠪᠤᠬᠠᠷ ᠬᠣᠲᠠ ᠳ᠋ᠤ᠌ ᠤᠨᠲᠠᠵᠤ ᠠᠮᠠᠷᠠᠬᠤ ᠪᠠᠷ ᠣᠷᠣᠨ ᠳ᠋ᠠᠭᠠᠨ ᠣᠷᠣᠭᠰᠠᠨ ᠳᠠᠷᠤᠢ ᠳ᠋ᠠᠭᠠᠨ ᠰᠤᠷᠬᠠᠭᠲᠠᠨᠢ ᠬᠠᠲᠤᠨ ᠨᠢᠭᠡᠨ ᠵᠡᠭᠦᠳᠦ ᠶ᠋ᠢ ᠦᠵᠡᠪᠡ᠃
ᠨᠣᠢᠷ ᠤ᠋ᠨ ᠳᠤᠮᠳᠠ ᠨᠢ ᠬᠡᠨ ᠨᠢᠭᠡᠨ ᠦ᠌ ᠵᠥᠭᠡᠯᠡᠬᠡᠨ ᠭᠠᠷ ᠬᠠᠴᠠᠷ ᠲᠤᠨᠢ ᠬᠦᠷᠬᠦ ᠳ᠋ᠦ᠍ ᠲᠡᠷᠡ ᠰᠡᠷᠡᠯ᠎ᠡ᠃ ᠬᠠᠵᠠᠭᠤ ᠳ᠋ᠤᠨᠢ ᠮᠥᠩᠬᠡ ᠲᠩᠷᠢ ᠶ᠋ᠢᠨ ᠣᠷᠣᠨ᠎ᠠ ᠣᠳᠤᠭᠰᠠᠨ ᠥᠭᠡᠯᠦᠨ ᠡᠬᠡ ᠪᠠᠢᠬᠤ ᠶ᠋ᠢ ᠬᠠᠷᠠᠭᠠᠳ ᠭᠠᠢᠬᠠᠨ ᠪᠠᠶᠠᠷᠯᠠᠵᠤ᠂ ᠪᠣᠰᠤᠨ ᠥᠨᠳᠡᠢᠲᠡᠯ᠎ᠡ ᠲᠡᠷᠡ ᠴᠢᠮᠡᠭᠡ ᠦᠭᠡᠢ ᠪᠠᠢᠬᠤ ᠶ᠋ᠢ ᠳᠣᠬᠢᠨ ᠬᠤᠷᠤᠭᠤ ᠪᠠᠨ ᠠᠮᠠᠨ ᠳ᠋ᠠᠭᠠᠨ ᠬᠦᠷᠭᠡᠭᠡᠳ ᠭᠠᠷ ᠠ᠋ᠴᠠ ᠨᠢ ᠬᠥᠲᠥᠯᠵᠦ ᠲᠡᠳᠡ ᠭᠠᠳᠠᠭᠰᠢ ᠭᠠᠷᠪᠠ᠃ ᠮᠥᠩᠬᠡ ᠲᠩᠷᠢ ᠶ᠋ᠢᠨ ᠣᠷᠣᠨ᠎ᠠ ᠵᠠᠯᠠᠷᠠᠭᠰᠠᠨ ᠴᠠᠭ ᠠ᠋ᠴᠠ ᠨᠢ ᠬᠣᠢᠰᠢ ᠰᠠᠨᠠᠨ ᠭᠠᠰᠢᠭᠤᠳᠠᠵᠤ ᠤᠳᠠᠭᠰᠠᠨ ᠥᠭᠡᠯᠦᠨ ᠡᠬᠡ ᠳ᠋ᠡᠭᠡᠨ ᠰᠤᠷᠬᠠᠭᠲᠠᠨᠢ ᠵᠠᠮ ᠳ᠋ᠠᠭᠠᠨ ᠶᠠᠮᠠᠷ ᠨᠢᠭᠡᠨ ᠶᠠᠭᠤᠮ᠎ᠠ ᠶᠠᠷᠢᠮᠠᠷ᠂ ᠪᠦᠷ ᠶᠡᠬᠡ ᠶᠠᠭᠤᠮ᠎ᠠ ᠬᠦᠦᠷᠨᠢᠮᠡᠷ ᠪᠠᠢᠪᠠᠴᠤ ᠠᠮᠠᠨ ᠠ᠋ᠴᠠ ᠨᠢ ᠦᠭᠡ ᠡᠰᠡ ᠭᠠᠷᠤᠨ᠎ᠠ᠃ ᠤᠭ ᠨᠢ ᠮᠠᠰᠢ ᠶᠡᠬᠡ ᠵᠦᠢᠯ ᠢ᠋ ᠶᠠᠷᠢᠬᠤ ᠶ᠋ᠢ ᠬᠦᠰᠡᠪᠡᠴᠦ ᠲᠡᠷᠡ ᠶᠡᠬᠡ ᠵᠦᠢᠯ ᠶᠠᠭᠠᠬᠢᠭᠠᠳ ᠴᠤ ᠶᠤᠮ ᠬᠠᠲᠤᠨ ᠤ᠋ ᠠᠮᠠᠨ ᠠ᠋ᠴᠠ ᠭᠠᠷᠴᠤ ᠥᠭᠬᠦ ᠦᠭᠡᠢ ᠪᠠᠢᠬᠤ ᠰᠢᠭ᠋ ᠰᠣᠨᠢᠨ ᠬᠥᠨᠳᠡᠭᠦᠷ᠃ ᠥᠭᠡᠯᠦᠨ ᠡᠬᠡ ᠶᠠᠪᠤᠭᠰᠠᠭᠠᠷ ᠲᠠᠯ᠎ᠠ ᠶ᠋ᠢᠨ ᠳᠤᠮᠳᠠ ᠣᠴᠢᠭᠠᠳ ᠰᠤᠷᠬᠠᠭᠲᠠᠨᠢ ᠶ᠋ᠢᠨ ᠪᠤᠭᠤᠷᠤᠯ ᠰᠠᠭᠤᠵᠤ ᠪᠣᠢ ᠦᠰᠦ ᠶ᠋ᠢ ᠢᠯᠪᠢᠨ᠂
— ᠣᠳᠣ ᠲᠠᠯ᠎ᠠ ᠨᠤᠲᠤᠭ ᠤ᠋ᠨ ᠦᠨᠡᠨ ᠢ᠋ ᠣᠯᠵᠤ ᠬᠠᠷ᠎ᠠ ᠭᠡᠯᠡ᠃
— ᠲᠠᠯ᠎ᠠ ᠨᠤᠲᠤᠭ ᠤ᠋ᠨ ᠦᠨᠡᠨ ᠭᠡᠵᠦ ᠶᠠᠭᠤ ᠰᠠᠨ ᠪᠢᠯᠡ᠂ ᠥᠭᠡᠯᠦᠨ ᠡᠬᠡ ᠮᠢᠨᠢ ᠭᠡᠵᠦ ᠠᠰᠠᠭᠤᠬᠤ ᠳ᠋ᠤ᠌᠂
— ᠲᠠᠯ᠎ᠠ ᠨᠤᠲᠤᠭ ᠤ᠋ᠨ ᠦᠨᠡᠨ ᠪᠣᠯ ᠶᠡᠬᠡ ᠮᠣᠩᠭᠣᠯ ᠤ᠋ᠨ ᠦᠨᠡᠨ ᠤᠷᠤᠰᠴᠤ ᠪᠣᠢ ᠴᠢᠰᠤᠨ ᠳᠤᠮᠳᠠ᠂ ᠰᠢᠳᠡᠵᠦ ᠪᠣᠢ ᠭᠠᠯ ᠳᠤᠮᠳᠠ ᠦᠨᠡᠨ ᠪᠣᠢ᠃ ᠲᠡᠭᠦᠨ ᠢ᠋ ᠣᠯ ᠭᠡᠵᠦ ᠬᠡᠯᠡᠯ᠎ᠡ᠃ ᠤᠴᠢᠷ ᠢ᠋ ᠣᠯᠵᠤ ᠶᠠᠳᠠᠨ ᠪᠠᠢᠲᠠᠯ᠎ᠠ ᠥᠭᠡᠯᠦᠨ ᠡᠬᠡ ᠨᠢᠭᠡ ᠬᠠᠷᠠᠬᠤᠨᠡ ᠰᠦᠮᠡᠯᠵᠡᠨ ᠦᠵᠡᠭᠳᠡᠬᠦ ᠵᠡᠷᠭᠡᠯᠭᠡᠨᠲᠦ ᠠᠯᠤᠰ ᠤᠷᠤᠭᠤ ᠠᠭᠤᠰᠤᠨ ᠣᠳᠤᠯ᠎ᠠ᠃
— ᠥᠭᠡᠯᠦᠨ ᠡᠬᠡ ᠠ᠋᠃ ᠥᠭᠡᠯᠦᠨ ᠡᠬᠡ ᠮᠢᠨᠢ᠃ ᠬᠦᠯᠢᠶᠡ᠃ ᠬᠦᠯᠢᠶᠡᠭᠡᠴᠢ ᠳᠡ᠃ ᠡᠨᠡ ᠦᠭᠡ ᠶ᠋ᠢ ᠳᠠᠪᠲᠠᠭᠰᠠᠭᠠᠷ ᠰᠤᠷᠬᠠᠭᠲᠠᠨᠢ ᠬᠠᠲᠤᠨ ᠪᠤᠬᠠᠷ ᠬᠣᠲᠠ ᠳ᠋ᠤ᠌ ᠪᠠᠢᠬᠤ ᠥᠪᠡᠷ ᠦ᠋ᠨ ᠤᠷᠲᠤ ᠦᠷᠭᠦᠭᠡᠨ ᠦ᠌ ᠪᠡᠨ ᠣᠨᠢ ᠲᠣᠭᠣᠨᠣ ᠶ᠋ᠢ ᠬᠠᠷᠠᠨ ᠰᠠᠶᠢ ᠨᠣᠢᠷ ᠠ᠋ᠴᠠ ᠰᠡᠷᠡᠯ᠎ᠡ᠃
— ᠶᠠᠮᠠᠷ ᠬᠠᠴᠢᠨ ᠵᠡᠭᠦᠳᠦ ᠪᠣᠢ? ᠥᠭᠡᠯᠦᠨ ᠡᠬᠡ ᠨᠠᠳᠠ ᠳ᠋ᠤ᠌ ᠲᠠᠯ᠎ᠠ ᠨᠤᠲᠤᠭ ᠤ᠋ᠨ ᠦᠨᠡᠨ ᠢ᠋ ᠣᠯᠵᠤ ᠬᠠᠷ᠎ᠠ ᠭᠡᠵᠦ ᠬᠡᠯᠡᠭᠡᠳ ᠶᠠᠪᠤᠯ᠎ᠠ᠃ ᠤᠷᠤᠰᠴᠤ ᠪᠣᠢ ᠴᠢᠰᠤᠨ ᠳᠤᠮᠳᠠ ᠦᠨᠡᠨ ᠪᠣᠢ᠂ ᠰᠢᠲᠠᠵᠤ ᠪᠣᠢ ᠭᠠᠯ ᠳᠤᠮᠳᠠ ᠦᠨᠡᠨ ᠪᠣᠢ ᠭᠡᠵᠦ ᠬᠡᠯᠡᠭᠰᠡᠨ ᠨᠢ ᠶᠠᠭᠤ ᠪᠢᠯᠡ᠃ ᠬᠠᠲᠤᠨ ᠡᠢᠨ ᠪᠣᠳᠣᠵᠤ ᠲᠡᠷᠡ ᠰᠥᠨᠢ ᠳ᠋ᠡᠭᠡᠨ ᠨᠣᠢᠷ ᠮᠠᠭᠤᠲᠠᠢ ᠬᠣᠨᠣᠭᠠᠳ᠂ ᠮᠠᠷᠭᠠᠰᠢ ᠥᠷᠯᠥᠭᠡ ᠨᠢ ᠡᠷᠲᠡᠯᠡᠨ ᠬᠦᠦ ᠬᠦᠯᠡᠬᠦ ᠪᠡᠨ ᠳᠠᠭᠤᠳᠠᠭᠤᠯᠤᠯ᠎ᠠ᠃
— ᠡᠵᠢ ᠨᠢ ᠶᠠᠭᠠᠷᠠᠪᠴᠢᠯᠠᠨ ᠪᠤᠴᠠᠶ᠎ᠠ ᠳᠠ᠂ ᠤᠷᠢᠳ ᠰᠥᠨᠢ ᠶ᠋ᠢᠨ ᠵᠡᠭᠦᠳᠦᠨ ᠳ᠋ᠦ᠍ ᠥᠭᠡᠯᠦᠨ ᠡᠬᠡ ᠢᠷᠡᠵᠦ᠂ ᠨᠠᠳᠠ ᠳ᠋ᠤ᠌ ᠨᠢᠭᠡᠨ ᠳᠣᠬᠢᠶ᠎ᠠ ᠥᠭᠭᠦᠭᠡᠳ ᠶᠠᠪᠤᠯ᠎ᠠ᠃ ᠲᠠᠯ᠎ᠠ ᠨᠤᠲᠤᠭ ᠲᠤ᠌ ᠶᠠᠮᠠᠷ ᠨᠢᠭᠡᠨ ᠬᠡᠷᠡᠭ ᠪᠣᠯᠤᠭᠰᠠᠨ ᠪᠢᠵᠡ᠃
— ᠬᠠᠲᠤᠨ ᠡᠬᠡ ᠮᠢᠨᠢ ᠲᠠ ᠵᠦᠭᠡᠷ ᠢᠷᠡᠬᠦ ᠵᠡᠭᠦᠳᠦᠨ ᠦ᠌ ᠠᠶᠠᠰ ᠢ᠋ᠶ᠋ᠠᠷ ᠬᠥᠲᠥᠯᠦᠭᠳᠡᠨ ᠶᠠᠭᠠᠷᠠᠨ ᠪᠤᠴᠠᠬᠤ ᠭᠡᠵᠦ ᠪᠣᠢ ᠲᠠᠨᠢ ᠳᠡᠮᠡᠢ ᠬᠡᠷᠡᠭ ᠮᠡᠲᠦ ᠰᠠᠨᠠᠭᠳᠠᠬᠤ ᠶᠤᠮ ᠭᠡᠵᠦ ᠬᠦᠦ ᠪᠡᠨ ᠢᠨᠢᠶᠡᠪᠬᠢᠯᠡᠨ ᠬᠡᠯᠡᠬᠦ ᠳ᠋ᠦ᠍᠂
— ᠦᠷ᠎ᠡ ᠮᠢᠨᠢ᠂ ᠡᠨᠡ ᠳᠡᠮᠡᠢ ᠬᠡᠷᠡᠭ ᠪᠢᠰᠢ᠂ ᠪᠢ ᠢᠮᠠᠭᠲᠠ ᠵᠡᠭᠦᠳᠦᠨ ᠡᠴᠡ ᠪᠡᠨ ᠦᠨᠡᠨ ᠢ᠋ ᠬᠠᠷᠠᠳᠠᠭ᠂ ᠤᠷᠢᠳ ᠨᠢ ᠴᠦ᠍ ᠲᠡᠢᠮᠦ ᠪᠠᠢᠭᠰᠠᠨ᠂ ᠣᠳᠣ ᠴᠤ ᠲᠡᠢᠮᠦ ᠯᠡ ᠪᠠᠢᠨ᠎ᠠ᠃ ᠬᠦᠦ ᠮᠢᠨᠢ ᠡᠬᠡ ᠶ᠋ᠢᠨ ᠢ᠋ᠶ᠋ᠡᠨ ᠦᠭᠡᠨ ᠳ᠋ᠦ᠍ ᠣᠷᠣ ᠭᠡᠵᠦ ᠬᠡᠯᠡᠯ᠎ᠡ᠃ ᠡᠬᠡ ᠶ᠋ᠢᠨ ᠬᠡᠯᠡᠭᠰᠡᠨ ᠡᠴᠡ ᠵᠥᠷᠢᠵᠦ ᠦᠵᠡᠭᠡ ᠦᠭᠡᠢ ᠬᠥᠯᠡᠬᠦ ᠬᠠᠲᠤᠨ ᠡᠬᠡ ᠶ᠋ᠢᠨ ᠬᠡᠯᠡᠭᠰᠡᠨ ᠢ᠋ᠶ᠋ᠡᠷ ᠲᠠᠯ᠎ᠠ ᠨᠤᠲᠤᠭ ᠤᠷᠤᠭᠤ ᠬᠥᠳᠡᠯᠬᠦ ᠶᠡᠬᠡ ᠨᠡᠭᠦᠳᠡᠯ ᠢ᠋ ᠪᠡᠯᠡᠳᠬᠡᠵᠦ ᠡᠬᠢᠯᠡᠯ᠎ᠡ᠃
※
— ᠠᠭᠤᠷᠠᠭ ᠲᠤ᠌ ᠰᠤᠷᠬᠠᠭᠲᠠᠨᠢ ᠬᠠᠲᠤᠨ ᠤ᠋ ᠨᠣᠮ ᠤ᠋ᠨ ᠥᠷᠭᠥᠭᠡ ᠬᠠᠢᠯᠵᠠᠢ ᠭᠡᠬᠦ ᠶᠠᠷᠢᠶ᠎ᠠ ᠳᠦᠷᠭᠡᠨ᠎ᠡ ᠬᠠᠲᠤᠨ ᠤ᠋ ᠦᠷᠭᠦᠭᠡᠨ ᠳ᠋ᠦ᠍ ᠳᠤᠭᠤᠯᠳᠠᠬᠤ ᠳ᠋ᠤ᠌ ᠦᠷᠭᠦᠭᠡᠨ ᠦ᠌ ᠳᠣᠲᠣᠷ᠎ᠠ ᠭᠦᠶᠦᠭ ᠡᠬᠡ ᠶ᠋ᠢᠨ ᠢ᠋ᠶ᠋ᠡᠨ ᠬᠠᠮᠲᠤ ᠪᠠᠢᠪᠠ᠃ ᠨᠥᠭᠦᠭᠡ ᠬᠥᠮᠦᠨ ᠦᠷᠭᠦᠯᠵᠢᠯᠡᠭᠦᠯᠦᠨ᠂
— ᠦᠷ ᠰᠥᠨᠢ ᠶᠢᠨ ᠵᠠᠪᠰᠠᠷ ᠲᠤ ᠠᠰᠠᠭᠰᠠᠨ ᠲᠡᠷᠡ ᠶᠡᠬᠡ ᠭᠠᠯ ᠬᠠᠲᠤᠨ ᠤ᠋ ᠨᠣᠮ ᠤ᠋ᠨ ᠦᠷᠭᠦᠭᠡᠨ ᠡᠴᠡ ᠶᠠᠭᠤ ᠶ᠋ᠢ ᠴᠤ ᠦᠯᠡᠳᠡᠭᠡᠯ ᠦᠭᠡᠢ ᠬᠠᠢᠯᠤᠭᠤᠯᠤᠨ ᠣᠳᠴᠠᠢ ᠭᠡᠪᠡ᠃ ᠳᠦᠷᠭᠡᠨ᠎ᠡ ᠬᠠᠲᠤᠨ ᠭᠡᠨᠡᠳᠲᠡ ᠶ᠋ᠢᠨ ᠡᠨᠡ ᠮᠡᠳᠡᠭᠡᠨ ᠳ᠋ᠦ᠍ ᠰᠣᠴᠢᠷᠲᠠᠨ᠂
— ᠮᠥᠩᠬᠡ ᠲᠩᠷᠢ᠁ ᠶᠠᠭᠤᠨ ᠠ᠋ᠴᠠ ᠪᠣᠯᠵᠤ ᠬᠠᠢᠯᠤᠨ ᠤᠷᠤᠰᠤᠭᠰᠠᠨ ᠪᠣᠯᠬᠤ ᠶ᠋ᠢ ᠮᠡᠳᠡᠪᠡ ᠤᠤ?
— ᠦᠭᠡᠢ᠂ ᠬᠠᠲᠤᠨᠲᠠᠨ ᠮᠢᠨᠢ᠂ ᠭᠡᠪᠡᠴᠦ ᠦᠷ ᠢ᠋ᠶ᠋ᠡᠷ ᠰᠡᠷᠡᠵᠦ᠂ ᠮᠣᠷᠢ ᠬᠠᠷᠠᠵᠤ ᠶᠠᠪᠤᠭᠰᠠᠨ ᠬᠡᠪᠲᠡᠭᠦᠯ ᠦ᠋ᠨ ᠬᠡᠯᠡᠭᠰᠡᠨ ᠢ᠋ᠶ᠋ᠡᠷ ᠪᠣᠯ ᠭᠠᠯ ᠭᠠᠷᠤᠭᠰᠠᠨ ᠳᠠᠷᠤᠢ ᠳ᠋ᠤ᠌ ᠮᠣᠷᠢ ᠲᠠᠢ ᠬᠥᠮᠦᠨ ᠠᠭᠤᠯᠠ ᠳᠠᠪᠠᠨ ᠣᠳᠤᠭᠰᠠᠨ ᠭᠡᠬᠦ ᠦᠨᠡᠨ ᠬᠤᠳᠠᠯ ᠨᠢ ᠮᠡᠳᠡᠭᠳᠡᠬᠦ ᠦᠭᠡᠢ ᠶᠠᠷᠢᠶ᠎ᠠ ᠪᠠᠢᠨ᠎ᠠ ᠭᠡᠪᠡ᠃
ᠭᠦᠶᠦᠭ ᠡᠬᠡ ᠳ᠋ᠡᠭᠡᠨ ᠣᠢᠷᠠᠲᠤᠨ ᠢᠷᠡᠵᠦ᠂
— ᠦᠨᠡᠬᠡᠷ ᠬᠠᠲᠤᠨ ᠡᠬᠡ ᠲᠠ ᠮᠡᠳᠡᠭᠡ ᠦᠭᠡᠢ ᠬᠡᠷᠡᠭ ᠭᠡᠵᠦ ᠤᠤ ᠭᠡᠮᠡᠨ ᠠᠰᠠᠭᠤᠪᠠ᠃ ᠳᠦᠷᠭᠡᠨ᠎ᠡ ᠬᠠᠲᠤᠨ ᠬᠦᠦ ᠶ᠋ᠢᠨ ᠢ᠋ᠶ᠋ᠡᠨ ᠴᠣᠷᠭᠢᠭᠰᠠᠨ ᠬᠠᠷᠠᠴᠠᠨ ᠠ᠋ᠴᠠ ᠳᠠᠯᠳᠠᠴᠢᠨ ᠪᠠᠢᠭᠰᠠᠨ ᠬᠡᠳᠦᠢ ᠴᠦ᠍᠂
ᠮᠥᠩᠬᠡ ᠲᠩᠷᠢ ᠮᠡᠳᠡᠨ᠎ᠡ᠃ ᠲᠡᠷᠡ ᠥᠷᠭᠥᠭᠡ ᠶ᠋ᠢ ᠥᠭᠡᠯᠦᠨ ᠡᠬᠡ ᠪᠠᠷᠢᠵᠤ ᠪᠠᠢᠬᠤ ᠳ᠋ᠤ᠌ ᠪᠢ ᠳᠡᠷᠭᠡᠳᠡ ᠨᠢ ᠬᠠᠷᠠᠵᠤ ᠪᠠᠢᠭᠰᠠᠨ᠃ ᠰᠤᠷᠬᠠᠭᠲᠠᠨᠢ ᠪᠢᠳᠡ ᠬᠣᠶᠠᠷ ᠬᠠᠮᠲᠤ ᠰᠠᠭᠤᠵᠤ ᠰᠤᠳᠤᠷ ᠨᠣᠮ ᠤᠩᠰᠢᠳᠠᠭ ᠪᠠᠢᠪᠠ᠃ ᠴᠢ ᠡᠬᠡ ᠶ᠋ᠢ ᠪᠡᠨ ᠠᠷᠠᠢ ᠳᠡᠩᠳᠡᠭᠦᠦ ᠭᠣᠮᠣᠳᠠᠭᠠᠵᠤ ᠪᠠᠢᠭ᠎ᠠ ᠬᠡᠷᠡᠭ ᠪᠢᠰᠢ ᠤᠤ ᠭᠡᠮᠡᠨ ᠭᠦᠶᠦᠭ ᠢ᠋ ᠬᠠᠷᠠᠬᠤ ᠳ᠋ᠤ᠌ ᠬᠠᠲᠤᠨ ᠡᠬᠡ ᠶ᠋ᠢᠨ ᠨᠢᠳᠦᠨ ᠳ᠋ᠦ᠍ ᠨᠢᠯᠪᠤᠰᠤ ᠬᠤᠷᠠᠭᠰᠠᠨ ᠪᠠᠢᠯ᠎ᠠ᠃
ᠡᠬᠡ ᠶᠢᠨ ᠨᠢᠳᠦᠨ ᠳ᠋ᠦ᠍ ᠪᠠᠢᠬᠤ ᠨᠢᠯᠪᠤᠰᠤ ᠶ᠋ᠢ ᠬᠥᠶᠦᠭ ᠪᠠᠷᠤᠭ ᠬᠠᠷᠠᠭ᠎ᠠ ᠦᠭᠡᠢ ᠶᠦᠮ᠃ ᠬᠠᠷᠢᠨ ᠡᠨᠡ ᠤᠳᠠᠭ᠎ᠠ ᠲᠡᠷᠡ ᠡᠬᠡ ᠶ᠋ᠢᠨ ᠨᠢᠳᠦᠨ ᠳ᠋ᠦ᠍ ᠳᠥᠭᠥᠷᠦᠨ ᠢᠷᠡᠭᠰᠡᠨ ᠨᠢᠯᠪᠤᠰᠤ ᠶ᠋ᠢ ᠠᠩᠬ᠎ᠠ ᠬᠠᠷᠠᠭᠠᠳ ᠰᠡᠳᠬᠢᠯ ᠳᠣᠲᠣᠷ᠎ᠠ ᠨᠢ ᠭᠦᠨ ᠬᠦᠨᠳᠦᠭᠦᠷ ᠪᠣᠯᠵᠤ᠂ ᠡᠬᠡ ᠶ᠋ᠢᠨ ᠦᠨᠡᠨ ᠢ᠋ ᠠᠩᠬ᠎ᠠ ᠤᠳᠠᠭ᠎ᠠ ᠣᠯᠵᠤ ᠬᠠᠷᠠᠵᠤ ᠪᠠᠢᠭ᠎ᠠ ᠮᠡᠲᠦ ᠰᠠᠨᠠᠭᠳᠠᠯ᠎ᠠ᠃ ᠭᠦᠶᠦᠭ ᠦᠷᠭᠦᠯᠵᠢᠯᠡᠭᠦᠯᠦᠨ᠂
— ᠬᠠᠲᠤᠨ ᠡᠵᠢ ᠮᠢᠨᠢ᠂ ᠪᠢ ᠲᠠᠨ ᠳ᠋ᠤ᠌ ᠢᠲᠡᠭᠡᠵᠦ ᠪᠠᠢᠨ᠎ᠠ᠃ ᠡᠨᠡ ᠤᠳᠠᠭ᠎ᠠ ᠳ᠋ᠤ᠌ ᠪᠢ ᠲᠠᠨ ᠠ᠋ᠴᠠ ᠣᠯᠠᠨ ᠬᠡᠷᠡᠭ ᠦ᠋ᠨ ᠤᠴᠢᠷ ᠢ᠋ ᠠᠰᠠᠭᠤᠬᠤ ᠪᠠᠷ ᠣᠷᠣᠵᠤ ᠢᠷᠡᠭᠡᠳ ᠪᠠᠢᠲᠠᠯ᠎ᠠ ᠡᠢᠮᠦ ᠶᠠᠭᠤᠮ᠎ᠠ ᠪᠣᠯᠤᠯ᠎ᠠ ᠭᠡᠮᠡᠨ ᠦᠭᠡ ᠪᠡᠨ ᠬᠥᠢᠴᠡᠭᠡᠯ ᠦᠭᠡᠢ ᠣᠷᠬᠢᠪᠠ᠃
— ᠶᠠᠮᠠᠷ ᠬᠡᠷᠡᠭ ᠪᠠᠢᠳᠠᠭ ᠪᠢᠯᠡ?
— ᠭᠤᠳᠠᠨ ᠢ᠋ ᠨᠠᠭᠠᠰᠢ ᠢᠷᠡᠬᠦ ᠵᠠᠮ ᠳ᠋ᠤᠨᠢ ᠬᠣᠣᠷᠯᠠᠭᠰᠠᠨ ᠪᠣᠯᠤᠯᠲᠠᠢ᠃
— ᠲᠩᠷᠢ ᠮᠢᠨᠢ ᠶᠠᠭᠤ ᠭᠡᠪᠡ ᠠ᠋?
ᠲᠦᠷᠭᠡᠨ᠎ᠡ ᠬᠠᠲᠤᠨ ᠡᠨᠡ ᠮᠡᠳᠡᠭᠡ ᠶ᠋ᠢ ᠰᠣᠨᠣᠰᠤᠭᠰᠠᠨ ᠳᠠᠷᠤᠢ ᠤᠬᠠᠭᠠᠨ ᠨᠢ ᠪᠠᠯᠠᠷᠳᠠᠬᠤ ᠰᠢᠭ᠋ ᠪᠣᠯᠤᠯ᠎ᠠ᠃ ᠲᠡᠷᠡ ᠠᠷᠠᠢᠬᠢᠨ ᠠᠮᠠ ᠨᠡᠭᠡᠭᠡᠵᠦ᠂
— ᠪᠢ ᠠᠪᠳᠤᠯ ᠷᠠᠬᠠᠮᠠᠨ ᠢ᠋ᠶ᠋ᠠᠷ ᠵᠠᠬᠢᠶ᠎ᠠ ᠳᠠᠢᠯᠭᠠᠨ ᠭᠤᠳᠠᠨ ᠤᠷᠤᠭᠤ ᠶᠠᠪᠤᠭᠤᠯᠤᠭᠰᠠᠨ ᠪᠢᠯᠡ᠃ ᠭᠡᠲᠡᠯ᠎ᠡ ᠲᠡᠷᠡ ᠴᠠᠭᠠᠰᠢ ᠳᠤᠲᠠᠭᠠᠨ ᠶᠠᠪᠤᠭᠰᠠᠨ ᠲᠤᠯᠠ ᠠᠭᠤᠯᠵᠠᠵᠤ ᠴᠢᠳᠠᠯ ᠦᠭᠡᠢ ᠢᠷᠡᠭᠰᠡᠨ ᠪᠤᠰᠤ ᠤᠤ?
— ᠭᠤᠲᠠᠨ ᠬᠠᠲᠤᠨ ᠡᠬᠡ ᠶ᠋ᠢᠨ ᠵᠠᠬᠢᠶ᠎ᠠ ᠶ᠋ᠢ ᠠᠪᠤᠭᠠᠳ ᠨᠠᠭᠠᠰᠢ ᠭᠠᠷᠤᠭᠰᠠᠨ ᠪᠣᠯᠬᠤ ᠶ᠋ᠢ ᠠᠯᠪᠠᠲᠤ ᠨᠤᠭᠤᠳ ᠨᠢ ᠪᠠᠲᠤᠯᠠᠵᠤ ᠪᠠᠢᠨ᠎ᠠ ᠭᠡᠪᠡ᠃ ᠲᠦᠷᠭᠡᠨ᠎ᠡ ᠶ᠋ᠢᠨ ᠴᠢᠷᠠᠢ ᠬᠤᠪᠠᠬᠠᠢ ᠴᠠᠢᠭᠰᠠᠨ ᠪᠠᠢᠯ᠎ᠠ᠃
— ᠮᠥᠩᠬᠡ ᠲᠩᠷᠢ ᠮᠢᠨᠢ᠁ ᠮᠢᠨᠦ ᠬᠦᠦ ᠶ᠋ᠢ ᠬᠣᠷᠣᠭᠠᠴᠢᠬᠠᠭᠰᠠᠨ ᠬᠡᠷᠡᠭ ᠤᠤ ᠭᠡᠮᠡᠨ ᠬᠡᠯᠡᠭᠡᠳ ᠴᠤᠷᠬᠢᠷᠠᠯᠠ᠃ ᠡᠩᠭᠡᠷ ᠴᠡᠭᠡᠵᠢ ᠨᠢ ᠤᠷᠠᠭᠳᠠᠨ ᠲᠠᠰᠤᠷᠠᠵᠤ ᠪᠠᠢᠭ᠎ᠠ ᠶᠤᠮ ᠰᠢᠭ᠋ ᠡᠨᠡ ᠠᠶᠤᠮᠰᠢᠭᠲᠤ ᠮᠡᠳᠡᠭᠡ ᠶ᠋ᠢ ᠰᠣᠨᠣᠰᠤᠭᠰᠠᠨ ᠲᠦᠷᠭᠡᠨ᠎ᠡ ᠶ᠋ᠢᠨ ᠤᠬᠠᠭᠠᠨ ᠰᠠᠨᠠᠭ᠎ᠠ ᠪᠠᠯᠠᠷᠳᠠᠨ ᠪᠠᠢᠬᠤ ᠳ᠋ᠤ᠌ ᠭᠦᠶᠦᠭ ᠦᠷᠭᠦᠯᠵᠢᠯᠡᠭᠦᠯᠦᠨ᠂
— ᠲᠥᠷᠥ ᠶ᠋ᠢᠨ ᠶᠡᠬᠡ ᠬᠥᠮᠦᠨ ᠶᠸᠯᠢᠤᠢ ᠴᠦᠼᠠᠢ ᠶ᠋ᠢ ᠲᠩᠷᠢ ᠪᠣᠯᠬᠤ ᠠ᠋ᠴᠠ ᠡᠮᠦᠨ᠎ᠡ ᠭᠡᠷ ᠲᠦ᠋ᠨᠢ ᠨᠡᠩᠵᠢᠯᠭᠡ ᠬᠢᠵᠦ ᠡᠷᠡᠭᠦᠳᠡᠨ ᠰᠢᠭᠦᠭᠰᠡᠨ ᠪᠠᠢᠨ᠎ᠠ᠃ ᠳᠠᠷᠠᠭᠠᠬᠠᠨ ᠬᠠᠲᠤᠨ ᠡᠬᠡ ᠲᠠᠨ ᠳ᠋ᠤ᠌ ᠪᠠᠷᠠᠯᠬᠠᠨ ᠢᠷᠡᠭᠰᠡᠨ ᠺᠣᠷᠭᠤᠽ ᠨᠣᠶᠠᠨᠲᠠᠨ ᠢ᠋ ᠠᠮᠠ ᠤᠷᠤᠭᠤ ᠨᠢ ᠴᠢᠯᠠᠭᠤ ᠴᠢᠬᠢᠵᠦ ᠠᠯᠠᠭᠰᠠᠨ ᠪᠠᠢᠪᠠ᠃ ᠡᠨᠡ ᠮᠡᠲᠦ ᠤᠴᠢᠷ ᠨᠢ ᠦᠯᠦ ᠣᠯᠳᠠᠬᠤ ᠬᠡᠷᠡᠭ ᠬᠠᠭᠠᠨ ᠤ᠋ ᠣᠷᠳᠣᠨ ᠤ᠋ ᠣᠢᠷ᠎ᠠ ᠣᠷᠴᠢᠮ ᠭᠠᠷᠴᠤ ᠪᠠᠢᠭᠰᠠᠨ ᠪᠣᠯ ᠣᠳᠣ ᠪᠦᠷ ᠬᠢᠷᠢ ᠡᠴᠡ ᠬᠡᠲᠦᠷᠡᠵᠦ ᠶᠡᠬᠡ ᠡᠵᠡᠨ ᠬᠠᠭᠠᠨ ᠤ᠋ ᠣᠩᠭᠣᠨ ᠰᠢᠲᠦᠭᠡᠨ ᠪᠠᠢᠷᠢᠯᠠᠬᠤ ᠲᠥᠷᠥᠵᠦ ᠥᠰᠦᠭᠰᠡᠨ ᠨᠤᠲᠤᠭ ᠶᠡᠬᠡ ᠠᠭᠤᠷᠠᠭ ᠲᠤᠨᠢ ᠬᠦᠷᠲᠡᠯ᠎ᠡ ᠭᠠᠷᠤᠯ᠎ᠠ᠃ ᠮᠥᠩᠬᠡ ᠲᠩᠷᠢ ᠬᠠᠷᠠᠵᠤ ᠪᠠᠢᠭ᠎ᠠ ᠭᠡᠮᠡᠨ ᠨᠡᠮᠡᠵᠦ ᠬᠡᠯᠡᠯ᠎ᠡ᠃
ᠳᠦᠷᠭᠡᠨ᠎ᠡ ᠬᠠᠲᠤᠨ ᠠᠩᠬ᠎ᠠ ᠤᠳᠠᠭ᠎ᠠ ᠪᠠᠨ ᠡᠢᠮᠦ ᠠᠷᠠᠴᠢᠭ᠎ᠠ ᠦᠭᠡᠢ ᠪᠠᠢᠳᠠᠯ ᠳ᠋ᠤ᠌ ᠣᠷᠣᠵᠤ ᠪᠠᠢᠭ᠎ᠠ ᠪᠣᠯᠪᠠ ᠤᠤ ᠭᠡᠮᠡᠷ ᠬᠥᠶᠦᠭ ᠦ᠋ᠨ ᠥᠭᠡᠳᠡ ᠡᠴᠡ ᠭᠠᠰᠠᠯᠠᠩᠲᠤ ᠨᠢᠳᠦ ᠪᠡᠷ ᠬᠠᠷᠠᠵᠤ ᠰᠠᠭᠤᠯ᠎ᠠ᠃ ᠶᠡᠬᠡᠮᠰᠦᠭ ᠪᠠᠷᠳᠠᠮ ᠬᠠᠲᠤᠨ ᠡᠬᠡ ᠶ᠋ᠢᠨ ᠳᠦᠷᠢ ᠲᠥᠷᠬᠦ ᠡᠨᠡ ᠦᠶ᠎ᠡ ᠳ᠋ᠦ᠍ ᠠᠯᠠᠭ᠎ᠠ ᠪᠣᠯᠤᠭᠰᠠᠨ ᠰᠢᠭ᠋ ᠬᠠᠷᠠᠭᠳᠠᠨ᠎ᠠ᠃ ᠳᠦᠷᠭᠡᠨ᠎ᠡ ᠴᠠᠭᠠᠰᠢ ᠶᠠᠭᠤ ᠴᠤ ᠬᠡᠯᠡᠭᠰᠡᠨ ᠦᠭᠡᠢ《ᠡᠨᠡᠯᠦᠨ ᠭᠠᠰᠢᠭᠤᠳᠠᠬᠤ ᠠ᠋ᠴᠠ ᠡᠮᠦᠨ᠎ᠡ ᠪᠣᠳᠣᠵᠤ ᠲᠤᠩᠭᠠᠬᠤ ᠨᠢ ᠵᠥᠪ》 ᠭᠡᠰᠡᠨ ᠪᠣᠳᠣᠯ ᠲᠡᠭᠦᠨ ᠳ᠋ᠦ᠍ ᠲᠥᠷᠥᠵᠡᠢ᠃ ᠬᠠᠲᠤᠨ ᠤ᠋ ᠦᠷᠭᠦᠭᠡᠨ ᠳ᠋ᠦ᠍ ᠨᠠᠮ ᠭᠦᠮ ᠨᠣᠶᠠᠷᠬᠠᠵᠤ᠂ ᠡᠬᠡ ᠦᠷ᠎ᠡ ᠬᠣᠶᠠᠷ ᠪᠡᠶ᠎ᠡ ᠪᠡᠶ᠎ᠡ ᠪᠡᠨ ᠬᠠᠷᠠᠨ ᠰᠠᠭᠤᠨ᠎ᠠ᠃ ᠬᠡᠰᠡᠭ ᠬᠤᠭᠤᠴᠠᠭᠠᠨ ᠤ᠋ ᠳᠠᠷᠠᠭ᠎ᠠ ᠳᠦᠷᠭᠡᠨ᠎ᠡ ᠬᠠᠲᠤᠨ ᠰᠠᠶᠢ ᠠᠮᠠ ᠨᠡᠭᠡᠭᠡᠯ᠎ᠡ᠃
— ᠬᠠᠭᠠᠨ ᠣᠷᠣ ᠰᠠᠭᠤᠬᠤ ᠳᠠᠷᠠᠭ᠎ᠠ ᠶ᠋ᠢᠨ ᠬᠥᠮᠦᠨ ᠢ᠋ ᠰᠣᠩᠭᠣᠬᠤ ᠴᠠᠭ ᠨᠢ ᠪᠣᠯᠵᠠᠢ᠃ ᠪᠢ ᠬᠦᠦ ᠴᠢᠮᠠᠶ᠋ᠢ ᠪᠠᠨ ᠤᠬᠠᠭᠠᠨ ᠰᠠᠭᠤᠵᠤ᠂ ᠲᠥᠷᠥ ᠤᠯᠤᠰ ᠢ᠋ ᠤᠳᠤᠷᠢᠳᠤᠨ ᠠᠪᠴᠤ ᠶᠠᠪᠤᠬᠤ ᠲᠡᠩᠬᠡᠭᠡ ᠲᠡᠢ ᠪᠣᠯᠬᠤ ᠬᠦᠷᠲᠡᠯ᠎ᠡ ᠡᠨᠡ ᠰᠠᠭᠤᠳᠠᠯ ᠢ᠋ ᠬᠠᠮᠠᠭᠠᠯᠠᠵᠤ ᠪᠠᠢᠬᠤ ᠶ᠋ᠢ ᠬᠦᠰᠡᠭᠰᠡᠨ ᠪᠢᠯᠡ᠃ ᠬᠡᠨ ᠢ᠋ ᠳᠠᠭᠠᠬᠤ᠂ ᠬᠡᠨ ᠢ᠋ ᠳᠠᠭᠠᠬᠤ ᠦᠭᠡᠢ ᠪᠠᠢᠬᠤ ᠪᠠᠨ ᠮᠡᠳᠡᠭᠰᠡᠨ ᠦᠭᠡᠢ ᠨᠢ ᠮᠢᠨᠦ ᠠᠯᠳᠠᠭ᠎ᠠ ᠪᠣᠯᠵᠠᠢ᠃ ᠴᠢ ᠡᠬᠡ ᠶ᠋ᠢᠨ ᠠᠯᠳᠠᠭᠠᠨ ᠠ᠋ᠴᠠ ᠬᠠᠩᠭᠠᠯᠲᠠ ᠲᠠᠢ ᠰᠤᠷᠤᠭᠰᠠᠨ ᠪᠢᠵᠡ ᠠ᠋ ᠭᠡᠵᠦ ᠬᠡᠯᠡᠯ᠎ᠡ᠃
ᠡᠨᠡ ᠪᠣᠯ ᠳᠦᠷᠭᠡᠨ᠎ᠡ ᠬᠠᠲᠤᠨ ᠭᠦᠶᠦᠭ ᠢ᠋ ᠬᠠᠭᠠᠨ ᠰᠢᠷᠡᠭᠡᠨ ᠳ᠋ᠦ᠍ ᠰᠠᠭᠤᠯᠭᠠᠬᠤ ᠶ᠋ᠢ ᠵᠥᠪᠰᠢᠶᠡᠷᠡᠨ ᠪᠣᠢ ᠬᠡᠷᠡᠭ ᠶᠦᠮ᠃ ᠬᠤᠪᠢ ᠵᠠᠶᠠᠭ᠎ᠠ ᠶᠠᠭᠠᠬᠢᠭᠰᠠᠨ ᠡᠭᠡᠳᠡᠷᠡᠭᠡᠨ ᠲᠡᠢ ᠪᠣᠢ᠃ ᠲᠡᠷᠡ ᠨᠢᠭᠡᠨ ᠰᠥᠨᠢ ᠬᠠᠲᠤᠨ ᠡᠬᠡ ᠡᠴᠡ ᠪᠡᠨ《ᠴᠢ ᠬᠠᠭᠠᠨ ᠪᠣᠯᠬᠤ ᠬᠤᠪᠢ ᠦᠭᠡᠢ》 ᠭᠡᠰᠡᠨ ᠦᠭᠡ ᠳᠤᠭᠤᠯᠤᠭᠠᠳ ᠤᠨᠠᠲᠠᠯ᠎ᠠ ᠤᠤᠭᠤᠵᠤ ᠰᠣᠭᠲᠣᠨ᠂ ᠮᠥᠩᠬᠡ ᠶ᠋ᠢᠨ ᠭᠡᠷ ᠲᠦ᠍ ᠣᠴᠢᠵᠤ ᠪᠠᠢᠭᠰᠠᠨ ᠢ᠋ᠶ᠋ᠠᠨ ᠰᠠᠨᠠᠯ᠎ᠠ᠃ ᠬᠠᠷᠢᠨ ᠡᠨᠡ ᠤᠳᠠᠭ᠎ᠠ᠂ ᠵᠥᠪᠬᠡᠨ ᠡᠨᠡ ᠤᠳᠠᠭ᠎ᠠ ᠯᠠ《ᠪᠢ ᠡᠬᠡ ᠲᠡᠢ ᠬᠥᠮᠦᠨ ᠶᠤᠮ》 ᠭᠡᠰᠡᠨ ᠪᠣᠳᠣᠯ ᠲᠦᠷᠦᠬᠦᠢ ᠳ᠋ᠦ᠍ ᠬᠥᠶᠦᠭ ᠦ᠋ᠨ ᠵᠢᠷᠦᠬᠡ ᠡᠮᠦᠨ᠎ᠡ ᠨᠢ ᠮᠡᠳᠡᠷᠡᠵᠦ ᠪᠠᠢᠭ᠎ᠠ ᠦᠭᠡᠢ ᠬᠠᠯᠠᠭᠤᠨ ᠳᠤᠯᠠᠭᠠᠨ ᠢ᠋ ᠮᠡᠳᠡᠷᠡᠬᠦ ᠰᠢᠭ ᠪᠣᠯᠵᠠᠢ᠃
ᠦᠰᠦᠭ ᠠᠮᠢᠯᠠᠭᠤᠯᠤᠭᠴᠢ᠄ ᠨᠡᠭᠦᠳᠡᠯ ᠂ ᠭᠡᠷᠡᠯ ᠳᠡᠭᠦᠦᠵᠠᠶᠠᠭ᠎ᠠ᠂ ᠵᠢᠩᠯᠢᠬᠤᠸᠠᠷ ᠂ ᠨᠠᠷᠠᠨ᠂ ᠪᠠᠶᠠᠨᠴᠡᠴᠡᠭ᠂ ᠨᠠᠷᠠᠨᠲᠤᠶᠠᠭ᠎ᠠ᠂ ᠤᠷᠠᠨᠴᠢᠮᠡᠭ ᠂ ᠱᠠᠭᠰᠠᠯ᠂ ᠪᠤᠯᠠᠭᠬᠦᠥ ᠂ ᠰᠡᠴᠡᠨᠴᠢᠮᠡᠭ᠂ ᠬᠡᠷᠡᠢᠳ ᠨᠠᠷᠠᠰᠤ ᠂ ᠬᠡᠯᠡᠰᠤᠶᠤᠯ ᠂ ᠫᠠ᠊· ᠴᠢᠯᠠᠭᠤ
ᠬᠢᠨᠠᠭᠴᠢ᠄ ᠣᠳᠬᠠᠨᠰᠣ᠎ᠠ ᠂ ᠱᠠᠭᠰᠠᠯ᠂ ᠰᠡᠬᠡᠭᠡᠷᠡᠯ᠂ ᠭᠠᠷᠮ᠎ᠠ᠂ ᠨᠠᠷᠠᠨ᠂ ᠤᠷᠠᠨᠴᠢᠮᠡᠭ᠂ ᠭᠡᠷᠡᠯ ᠨᠡᠭᠦᠳᠡᠯ᠂ ᠨᠠᠷᠠᠨ᠂ ᠂ ᠰᠡᠴᠡᠨᠴᠢᠮᠡᠭ
