ᠰᠤᠷᠬᠠᠭᠲᠠᠨᠢ ᠪᠡᠬᠢ ᠬᠠᠲᠤᠨ-ᠪᠢᠮᠪᠠ ᠶ᠋ᠢᠨ ᠰᠠᠷᠠᠨᠲᠤᠶᠠᠭ᠎ᠠ-ᠳᠣᠯᠣᠳᠤᠭᠠᠷ ᠪᠦᠯᠦᠭ᠂ ᠠᠯᠳᠠᠭ᠎ᠠ ᠤᠨᠤᠭᠠᠨ ᠤ᠋ ᠳᠠᠩᠰᠠᠨ ᠳ᠋ᠤ᠌ ᠠᠯᠳᠠᠵᠤ ᠤᠨᠤᠭᠰᠠᠨ ᠡᠳᠦᠷ ᠦ᠋ᠳСорхугтани бэх хатан-Бямбын Сарантуяа ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠤᠷᠬᠠᠭᠲᠠᠨᠢ ᠪᠡᠬᠢ ᠬᠠᠲᠤᠨ-ᠪᠢᠮᠪᠠ ᠶ᠋ᠢᠨ ᠰᠠᠷᠠᠨᠲᠤᠶᠠᠭ᠎ᠠ-ᠳᠣᠯᠣᠳᠤᠭᠠᠷ ᠪᠦᠯᠦᠭ᠂ ᠠᠯᠳᠠᠭ᠎ᠠ ᠤᠨᠤᠭᠠᠨ ᠤ᠋ ᠳᠠᠩᠰᠠᠨ ᠳ᠋ᠤ᠌ ᠠᠯᠳᠠᠵᠤ ᠤᠨᠤᠭᠰᠠᠨ ᠡᠳᠦᠷ ᠦ᠋ᠳСорхугтани бэх хатан-Бямбын Сарантуяа

ᠰᠤᠷᠬᠠᠭᠲᠠᠨᠢ ᠪᠡᠬᠢ ᠬᠠᠲᠤᠨ-ᠪᠢᠮᠪᠠ ᠶ᠋ᠢᠨ ᠰᠠᠷᠠᠨᠲᠤᠶᠠᠭ᠎ᠠ-ᠳᠣᠯᠣᠳᠤᠭᠠᠷ ᠪᠦᠯᠦᠭ᠂ ᠠᠯᠳᠠᠭ᠎ᠠ ᠤᠨᠤᠭᠠᠨ ᠤ᠋ ᠳᠠᠩᠰᠠᠨ ᠳ᠋ᠤ᠌ ᠠᠯᠳᠠᠵᠤ ᠤᠨᠤᠭᠰᠠᠨ ᠡᠳᠦᠷ ᠦ᠋ᠳСорхугтани бэх хатан-Бямбын Сарантуяа

ᠠᠩᠭᠢᠯᠠᠯ:ᠲᠤᠭᠤᠵᠢ ᠷᠣᠮᠠᠨ
2025-01-07

1067

   ᠠᠯᠤᠰ ᠠᠴᠠ ᠬᠠᠷᠠᠭᠳᠠᠬᠤ ᠶᠡᠬᠡ ᠠᠭᠠᠷᠠᠭ ᠤᠯᠠᠮ ᠪᠦᠷ ᠣᠢᠷᠠᠲᠤᠭᠰᠠᠭᠠᠷ ᠶᠡᠬᠡ ᠨᠡᠭᠦᠳᠡᠯ ᠢᠷᠡᠬᠦ ᠪᠠᠷ᠎ᠠ ᠪᠠᠷ ᠣᠯᠠᠨ ᠬᠥᠮᠦᠰ ᠲᠣᠰᠣᠨ ᠪᠠᠢᠭ᠎ᠠ ᠨᠢ ᠬᠠᠷᠠᠭᠳᠠᠨ᠎ᠠ᠃ ᠠᠯᠤᠰ ᠲᠤ ᠤᠳᠤᠭᠠᠳ ᠨᠤᠲᠤᠭ ᠲᠠᠭᠠᠨ ᠪᠤᠴᠠᠨ ᠢᠷᠡᠨ᠎ᠡ ᠭᠡᠳᠡᠭ ᠠᠮᠤᠷ ᠠᠮᠤᠭᠤᠯᠠᠩ ᠤ᠋ᠨ ᠳᠡᠭᠡᠳᠦ ᠶ᠋ᠢ ᠣᠯᠬᠤ ᠰᠢᠭ᠋ ᠨᠢᠭᠡᠨ ᠵᠢᠷᠭᠠᠯ ᠪᠠᠢᠳᠠᠭ᠃ ᠡᠨᠳᠡᠬᠢ ᠶᠠᠭᠤᠮ᠎ᠠ ᠪᠦᠬᠦᠨ ᠲᠠᠨᠢᠯ ᠳᠣᠲᠣᠨᠣ ᠰᠠᠨᠠᠭᠳᠠᠨ᠎ᠠ᠃ ᠬᠠᠶᠠ ᠬᠤᠤᠭᠢᠬᠤ ᠰᠠᠯᠬᠢᠨ ᠬᠦᠷᠲᠡᠯ᠎ᠡ ᠬᠠᠲᠤᠨ ᠢ᠋ᠶ᠋ᠠᠨ ᠰᠠᠨᠠᠭᠰᠠᠨ ᠰᠢᠦ ᠭᠡᠵᠦ ᠬᠡᠯᠡᠵᠦ ᠪᠣᠢ ᠮᠡᠲᠦ ᠬᠠᠴᠠᠷ ᠢ᠋ ᠨᠢ ᠵᠥᠭᠡᠯᠡᠨ ᠢᠯᠪᠢᠬᠦ ᠳ᠋ᠦ᠍ ᠴᠡᠭᠡᠵᠢ ᠳᠦᠭᠦᠷᠡᠩ ᠠᠭᠤᠵᠢᠷᠠᠬᠤ ᠰᠢᠭ᠋ ᠮᠡᠳᠡᠷᠡᠮᠵᠢ ᠲᠥᠷᠥᠬᠦ ᠨᠢ ᠨᠡᠩ ᠲᠠᠭᠠᠲᠠᠢ᠃
   ᠶᠡᠬᠡ ᠨᠡᠭᠦᠳᠡᠯ ᠠᠭᠤᠷᠠᠭ ᠲᠤ ᠣᠢᠷᠠᠳᠴᠤ᠂ ᠲᠣᠰᠣᠨ ᠵᠣᠭᠰᠣᠵᠤ ᠪᠠᠢᠭ᠎ᠠ ᠣᠯᠠᠨ ᠬᠥᠮᠦᠰ ᠦ᠋ᠨ ᠡᠮᠦᠨ᠎ᠡ ᠲᠤᠯᠵᠤ ᠣᠴᠢᠯ᠎ᠠ᠃ ᠪᠠᠶᠠᠷ ᠳᠦᠭᠦᠷᠡᠩ ᠨᠢᠳᠦ ᠪᠡᠷ ᠬᠠᠲᠤᠨ ᠢ᠋ᠶ᠋ᠠᠨ ᠤᠭᠲᠤᠳᠠᠭ ᠡᠨᠡ ᠬᠥᠮᠦᠰ ᠦ᠋ᠨ ᠴᠢᠷᠠᠢ ᠳ᠋ᠤ᠌ ᠶᠠᠮᠠᠷ ᠨᠢᠭᠡᠨ ᠠᠢᠳᠠᠰ ᠲᠦᠭᠰᠢᠭᠦᠷᠢ ᠨᠢᠭᠤᠭᠳᠠᠨ ᠪᠠᠢᠭ᠎ᠠ ᠮᠡᠲᠦ ᠴᠠᠭᠠᠨ᠎ᠠ ᠪᠠᠨ ᠯᠠ ᠬᠠᠴᠢᠨ ᠰᠠᠨᠠᠭᠳᠠᠨ᠎ᠠ᠃ ᠥᠭᠡᠳᠡ ᠡᠴᠡ ᠨᠢ ᠲᠣᠰᠣᠨ ᠭᠦᠶᠦᠵᠦ ᠢᠷᠡᠭᠡᠳ᠂ ᠡᠮᠡᠭᠡ ᠡᠬᠡ ᠶ᠋ᠢᠨ ᠢ᠋ᠶ᠋ᠡᠨ ᠡᠵᠡᠭᠦᠢ ᠳ᠋ᠦ᠍ ᠪᠣᠯᠤᠭᠰᠠᠨ ᠪᠦᠬᠦ ᠵᠦᠢᠯ ᠢ᠋ ᠠᠮᠠ ᠪᠤᠯᠢᠶᠠᠯᠳᠤᠨ ᠥᠭᠦᠯᠡᠬᠦ ᠠᠴᠢ ᠵᠢᠭᠡ ᠨᠠᠷ ᠨᠢ ᠴᠦ᠍ ᠡᠨᠡ ᠤᠳᠠᠭ᠎ᠠ ᠳ᠋ᠤ᠌ ᠲᠡᠭᠡᠭᠰᠡᠨ ᠦᠭᠡᠢ᠃ ᠲᠤᠰᠤᠭᠰᠠᠨ ᠬᠥᠮᠦᠰ ᠦ᠋ᠨ ᠪᠠᠢᠷᠢ ᠪᠠᠢᠳᠠᠯ ᠡᠴᠡ ᠡᠨᠳᠡ ᠶᠠᠮᠠᠷ ᠨᠢᠭᠡᠨ ᠶᠠᠭᠤᠮ᠎ᠠ ᠪᠣᠯᠵᠠᠢ ᠭᠡᠳᠡᠭ  ᠰᠤᠷᠬᠠᠭᠲᠠᠨᠢ ᠮᠡᠳᠡᠷᠡᠵᠦ ᠪᠠᠢᠯ᠎ᠠ᠃
   《ᠮᠥᠩᠬᠡ ᠲᠩᠷᠢ ᠮᠢᠨᠢ ᠶᠠᠭᠤ ᠪᠣᠯᠤᠭᠰᠠᠨ ᠶᠤᠮ ᠪᠣᠯ᠂ ᠶᠠᠭᠠᠬᠢᠭᠠᠳ ᠡᠳᠡᠨ ᠦ᠌ ᠬᠠᠷᠠᠴᠠ ᠠᠢᠳᠠᠰ ᠲᠠᠢ᠂ ᠴᠢᠷᠠᠢ ᠨᠢ ᠲᠦᠭᠰᠢᠭᠦᠷᠢ ᠲᠡᠢ ᠪᠠᠢᠨ᠎ᠠ ᠪᠣᠢ》 ᠭᠡᠮᠡᠨ ᠳᠣᠲᠣᠷ᠎ᠠ ᠪᠠᠨ ᠪᠣᠳᠣᠵᠤ ᠶᠠᠪᠤᠭᠤᠯ ᠤ᠋ᠨ ᠦᠷᠭᠦᠭᠡᠨ ᠦ᠌ ᠪᠡᠨ ᠱᠠᠲᠤ ᠪᠠᠷ ᠳᠣᠭᠣᠭᠰᠢ ᠪᠠᠭᠤᠨ ᠢᠷᠡᠬᠦ ᠳ᠋ᠦ᠍ ᠲᠡᠮᠦᠬᠡᠨ ᠪᠡᠬᠢ ᠪᠤᠰᠤᠳ ᠡᠴᠡ ᠲᠥᠷᠥᠭᠦᠯᠦᠨ ᠡᠬᠡ ᠶ᠋ᠢᠨ ᠢ᠋ᠶ᠋ᠡᠨ ᠭᠠᠷ ᠡᠴᠡ ᠠᠳᠬᠤᠨ ᠲᠣᠰᠴᠤ ᠪᠠᠭᠤᠯᠭᠠᠯ᠎ᠠ᠃ ᠲᠡᠷᠡ ᠡᠵᠢ ᠳ᠋ᠡᠭᠡᠨ ᠶᠠᠮᠠᠷ ᠨᠢᠭᠡᠨ ᠵᠦᠢᠯ ᠬᠡᠯᠡᠬᠦ ᠭᠡᠳ ᠴᠢᠳᠠᠬᠤ ᠦᠭᠡᠢ ᠪᠠᠢᠭ᠎ᠠ ᠮᠡᠲᠦ ᠬᠠᠷᠠᠴᠠ ᠨᠢ ᠲᠠᠯᠲᠠᠷᠢᠨ᠎ᠠ᠃ ᠰᠤᠷᠬᠠᠭᠲᠠᠨᠢ᠂ ᠲᠡᠮᠦᠬᠡᠨ ᠪᠡᠬᠢ ᠶ᠋ᠢᠨ ᠭᠠᠷ ᠢ᠋ ᠲᠠᠯᠪᠢᠵᠤ ᠲᠤᠰᠤᠭᠰᠠᠨ ᠣᠯᠠᠨ ᠢ᠋ ᠢᠷᠡᠨ ᠠᠯᠬᠤᠪᠠ᠃ ᠠᠭᠤᠷᠠᠭ ᠢ᠋ ᠪᠦᠬᠦᠯᠢ ᠳ᠋ᠦ᠍ᠨᠢ ᠬᠠᠷᠠᠯ᠎ᠠ᠃ ᠡᠨᠳᠡᠬᠢ ᠶ᠋ᠢᠨ ᠪᠦᠬᠦ ᠵᠦᠢᠯ ᠬᠡᠪ ᠢ᠋ᠶ᠋ᠡᠷ ᠠᠲᠠᠯ᠎ᠠ ᠨᠢᠭᠡ ᠯᠡ ᠵᠦᠢᠯ ᠦᠭᠡᠢ ᠪᠣᠯᠵᠠᠢ᠃ ᠨᠣᠮ ᠤ᠋ᠨ ᠦᠷᠭᠦᠭᠡᠨ ᠦ᠌ ᠰᠢᠲᠠᠵᠤ ᠬᠠᠷᠠᠯᠠᠭᠰᠠᠨ ᠪᠠᠭᠤᠷᠢ ᠬᠠᠲᠤᠨ ᠡᠬᠡ ᠶ᠋ᠢᠨ ᠨᠢᠳᠦᠨ ᠦ᠌ ᠡᠮᠦᠨ᠎ᠡ ᠲᠣᠳᠣᠬᠠᠨ ᠬᠠᠷᠠᠭᠳᠠᠬᠤ ᠳ᠋ᠤ᠌ ᠰᠠᠶᠢ ᠤᠴᠢᠷ ᠢ᠋ ᠣᠯᠵᠤ ᠳᠣᠲᠣᠷ᠎ᠠ ᠨᠢ ᠬᠠᠷᠠᠯᠠᠨ᠂ ᠤᠬᠠᠭᠠᠨ ᠪᠠᠯᠠᠷᠳᠠᠬᠤ ᠰᠢᠭ᠋ ᠪᠣᠯᠪᠠ᠃ ᠰᠤᠷᠬᠠᠭᠲᠠᠨᠢ ᠶ᠋ᠢᠨ ᠨᠢᠳᠦᠨ ᠳ᠋ᠦ᠍ ᠨᠢᠯᠪᠤᠰᠤ ᠳᠦᠭᠦᠷᠦᠭᠡᠳ ᠣᠷᠴᠢᠨ ᠤ᠋ ᠶᠠᠭᠤᠮᠠᠰ ᠪᠦᠳᠡᠭᠢᠷᠡᠨ ᠲᠣᠷᠣᠯᠵᠠᠭᠰᠠᠨ ᠬᠡᠳᠦᠢ ᠴᠦ᠍ ᠠᠭᠤᠷᠠᠭ ᠤ᠋ᠨ ᠳᠤᠮᠳᠠᠭᠤᠷ ᠰᠢᠯᠤᠭᠤᠬᠠᠨ ᠶᠠᠪᠤᠭᠰᠠᠭᠠᠷ ᠨᠣᠮ ᠤ᠋ᠨ ᠦᠷᠭᠦᠭᠡᠨ ᠦ᠌ ᠪᠡᠨ ᠦᠨᠡᠰᠦ ᠪᠣᠯᠤᠭᠰᠠᠨ ᠪᠠᠭᠤᠷᠢᠨ ᠳᠡᠭᠡᠷ᠎ᠡ ᠣᠴᠢᠬᠤ ᠳ᠋ᠤ᠌ ᠬᠥᠯ ᠨᠢ ᠠᠶᠠᠨᠳᠠᠭᠠᠨ ᠰᠥᠬᠥᠷᠡᠯ᠎ᠡ᠃
   ᠨᠢᠭᠡᠨ ᠴᠠᠭ ᠤ᠋ᠨ ᠶᠡᠬᠡ ᠳᠤᠷᠠᠰᠤᠮᠵᠢ᠂ ᠨᠢᠭᠡᠨ ᠴᠠᠭ ᠤ᠋ᠨ ᠶᠡᠬᠡ ᠤᠬᠠᠭᠠᠨ ᠢ᠋ ᠬᠠᠳᠠᠭᠠᠯᠠᠬᠤ ᠡᠨᠡ ᠥᠷᠭᠥᠭᠡ ᠶᠸᠯᠸᠢᠳᠡᠭᠦᠯᠤᠭ᠌ᠰᠡᠨ ᠶᠤᠮ ᠰᠢᠭ ᠶᠡᠬᠡ ᠲᠠᠯ᠎ᠠ ᠶ᠋ᠢᠨ ᠳᠤᠮᠳᠠ ᠡᠴᠡ ᠠᠷᠴᠢᠭᠳᠠᠨ ᠵᠠᠮᠬᠠᠷᠠᠭᠰᠠᠨ ᠪᠠᠢᠪᠠ᠃ ᠦᠨᠡᠰᠦ ᠨᠤᠷᠮᠠᠨ ᠡᠴᠡ ᠥᠭᠡᠷ᠎ᠡ ᠶᠠᠭᠤ ᠴᠤ ᠦᠯᠡᠳᠡᠭᠡᠯ ᠦᠭᠡᠢ ᠬᠠᠢᠯᠤᠭᠤᠯᠵᠤ ᠣᠳᠤᠭᠰᠠᠨ ᠬᠢᠯᠢᠩᠲᠦ ᠭᠠᠯ ᠬᠠᠲᠤᠨ ᠤ᠋ ᠡᠵᠡᠭᠦᠢ ᠳ᠋ᠦ᠍ ᠳᠦᠷᠡᠯᠵᠡᠨ ᠠᠰᠠᠭᠰᠠᠨ ᠪᠠᠢᠵᠠᠢ᠃ ᠠᠷᠤ ᠡᠴᠡ ᠨᠢ ᠳᠠᠭᠠᠵᠤ ᠶᠠᠪᠤᠭᠰᠠᠨ ᠬᠥᠮᠦᠰ ᠶᠠᠭᠤ ᠭᠡᠵᠦ ᠬᠡᠯᠡᠬᠦ ᠪᠡᠨ ᠮᠡᠳᠡᠬᠦ ᠦᠭᠡᠢ ᠪᠠᠢᠭ᠎ᠠ ᠪᠣᠯᠤᠯᠲᠠᠢ᠂  ᠨᠣᠮ ᠤ᠋ᠨ ᠦᠷᠭᠦᠭᠡᠨ ᠦ᠌ ᠪᠠᠭᠤᠷᠢᠨ ᠳᠡᠭᠡᠷ᠎ᠡ ᠢᠷᠡᠵᠦ ᠬᠠᠵᠠᠭᠤ ᠳ᠋ᠤᠨᠢ ᠵᠣᠭᠰᠣᠵᠠᠭᠠᠵᠠᠢ᠃
   ᠬᠥᠯ ᠦ᠋ᠨ ᠳᠣᠣᠷ᠎ᠠ ᠮᠡᠳᠡᠷᠡᠭᠳᠡᠬᠦ ᠲᠠᠨᠢᠯ ᠳᠣᠲᠣᠨᠣ ᠭᠠᠵᠠᠷ ᠰᠢᠷᠣᠢ ᠶ᠋ᠢᠨ ᠦᠨᠦᠷ᠂ ᠦᠨᠡᠰᠦ ᠨᠣᠷᠮ᠎ᠠ ᠲᠠᠢ ᠬᠣᠯᠢᠯᠳᠤᠨ ᠬᠠᠩᠬᠤᠯᠵᠤ᠂ ᠭᠡᠨᠡᠳᠲᠡ ᠪᠣᠰᠤᠨ ᠳᠡᠭᠳᠡᠬᠦ ᠰᠠᠯᠬᠢᠨ ᠨᠣᠮ ᠤ᠋ᠨ ᠦᠷᠭᠦᠭᠡᠨ ᠦ᠌ ᠪᠠᠭᠤᠷᠢᠨ ᠳ᠋ᠤ᠌ ᠬᠤᠷᠠᠭᠰᠠᠨ ᠦᠨᠡᠰᠦ ᠶ᠋ᠢ ᠬᠡᠢᠰᠬᠡᠨ ᠪᠠᠢᠯ᠎ᠠ᠃ ᠡᠨᠡ ᠥᠷᠭᠥᠭᠡ ᠶ᠋ᠢ ᠪᠠᠷᠢᠵᠤ ᠳᠠᠭᠤᠰᠤᠭᠰᠠᠨ ᠤ᠋ ᠳᠠᠷᠠᠭ᠎ᠠ ᠪᠠᠬᠠᠳᠤᠨ ᠬᠠᠷᠠᠵᠤ ᠵᠣᠭᠰᠣᠭᠰᠠᠨ ᠥᠭᠡᠯᠦᠨ ᠡᠬᠡ ᠶ᠋ᠢᠨ ᠬᠠᠷᠠᠴᠠ ᠨᠢᠳᠦᠨ ᠳ᠋ᠦ᠍ᠨᠢ ᠬᠠᠷᠠᠭᠳᠠᠬᠤ ᠰᠢᠭ᠋ ᠪᠣᠯᠬᠤ ᠳ᠋ᠤ᠌ ᠬᠠᠮᠤᠭ ᠴᠢᠰᠤ ᠨᠢ ᠳᠡᠭᠡᠭᠰᠢ ᠣᠭᠰᠢᠬᠤ ᠰᠢᠭ᠋ ᠪᠣᠯᠵᠤ᠂ ᠬᠠᠴᠠᠷ ᠢ᠋ ᠨᠢ ᠳᠠᠭᠠᠨ ᠨᠢᠯᠪᠤᠰᠤ ᠰᠡᠲᠡᠷᠡᠯ᠎ᠡ᠃
   ᠡᠨᠡ ᠥᠷᠭᠥᠭᠡ ᠲᠡᠢ ᠬᠠᠮᠲᠤ ᠣᠯᠠᠨ ᠵᠦᠢᠯ ᠬᠠᠢᠯᠤᠨ ᠣᠳᠴᠠᠢ᠃ ᠡᠷᠲᠡᠨ ᠦ᠌ ᠶᠡᠬᠡ ᠮᠡᠷᠭᠡᠳ ᠦ᠋ᠨ ᠣᠶᠤᠨ ᠪᠢᠯᠢᠭ ᠢ᠋ᠶ᠋ᠡᠷ ᠪᠦᠲᠦᠭᠰᠡᠨ ᠨᠣᠮ ᠰᠤᠳᠤᠷ ᠤ᠋ᠳ᠂ ᠠᠯᠲᠠᠨ ᠰᠤᠳᠤᠷ ᠲᠠᠢ ᠬᠠᠮᠲᠤ ᠬᠠᠢᠯᠤᠭᠰᠠᠨ ᠪᠠᠢᠯ᠎ᠠ᠃ ᠶᠡᠬᠡ ᠠᠭᠤᠷᠠᠭ ᠤ᠋ᠨ ᠳᠤᠮᠳᠠᠭᠤᠷ ᠬᠡᠷᠦᠮᠡᠯ ᠰᠠᠯᠬᠢ ᠬᠠᠮᠢᠭ᠎ᠠ ᠨᠢᠭᠡ  ᠬᠤᠤᠭᠢᠨ ᠪᠠᠢᠬᠤ ᠨᠢ ᠴᠢᠬᠢᠨ ᠳ᠋ᠦ᠍ ᠰᠣᠨᠣᠰᠳᠠᠭᠰᠠᠭᠠᠷ᠁
   ᠨᠣᠮ ᠤ᠋ᠨ ᠦᠷᠭᠦᠭᠡᠨ ᠦ᠌ ᠪᠠᠭᠤᠷᠢᠨ ᠤ᠋ ᠰᠢᠲᠠᠵᠤ ᠬᠠᠷᠠᠯᠠᠭᠰᠠᠨ ᠦᠨᠡᠰᠦ ᠨᠣᠷᠮ᠎ᠠ ᠡᠳᠦᠭᠡ ᠴᠡᠭᠡᠵᠢᠨ ᠳᠣᠲᠣᠷ᠎ᠠ ᠨᠢ ᠣᠷᠣᠴᠢᠬᠠᠭᠠᠳ ᠭᠣᠣᠯ ᠬᠠᠷᠠᠯᠠᠭᠤᠯᠤᠨ ᠪᠠᠢᠭ᠎ᠠ ᠮᠡᠲᠦ ᠳᠣᠲᠣᠷ᠎ᠠ ᠨᠢ ᠬᠠᠷᠠᠩᠭᠤᠢᠯᠠᠨ᠎ᠠ᠃ ᠲᠡᠭᠦᠨ ᠳ᠋ᠦ᠍ ᠪᠣᠳᠣᠬᠤ ᠶᠠᠭᠤᠮ᠎ᠠ ᠶᠡᠬᠡ ᠪᠠᠢᠯ᠎ᠠ᠃ ᠡᠮᠬᠢ ᠵᠠᠮᠪᠠᠷᠠᠭ᠎ᠠ ᠦᠭᠡᠢ ᠡᠭᠡᠯᠵᠢ ᠳᠠᠷᠠᠭ᠎ᠠ ᠦᠭᠡᠢ ᠣᠷᠣᠵᠤ ᠢᠷᠡᠬᠦ ᠪᠣᠳᠣᠯ ᠤ᠋ᠳ᠂ ᠬᠠᠯᠬᠠᠯᠠᠨ ᠭᠠᠰᠢᠭᠤᠳᠠᠬᠤ ᠲᠠᠢ ᠵᠡᠷᠭᠡᠴᠡᠨ ᠤᠬᠠᠭᠠᠨ ᠪᠣᠳᠣᠯ ᠢ᠋ ᠨᠢ ᠰᠠᠮᠠᠭᠤᠷᠠᠭᠤᠯᠤᠨ᠎ᠠ᠃ ᠡᠨᠳᠡ ᠪᠠᠢᠭᠰᠠᠨ ᠣᠯᠠᠨ ᠨᠣᠮ ᠪᠦᠭᠦᠳᠡ ᠰᠢᠲᠠᠨ ᠬᠠᠢᠯᠵᠠᠢ᠃ ᠶᠢᠷᠲᠢᠨᠴᠦ ᠶ᠋ᠢᠨ ᠦᠨᠡᠨ ᠢ᠋ ᠰᠢᠩᠭᠡᠬᠡᠨ ᠪᠢᠴᠢᠭᠰᠡᠨ ᠠᠯᠲᠠᠨ ᠰᠤᠳᠤᠷ ᠴᠤ᠌ ᠦᠭᠡᠢ ᠪᠣᠯᠵᠠᠢ᠃ ᠣᠯᠠᠨ ᠰᠠᠷ᠎ᠠ ᠶ᠋ᠢᠨ ᠬᠥᠳᠡᠯᠮᠦᠷᠢ᠂ ᠣᠯᠠᠨ ᠮᠡᠷᠭᠡᠳ ᠦ᠋ᠨ ᠬᠦᠴᠦ ᠣᠷᠣᠯᠴᠠᠭ᠎ᠠ ᠰᠢᠩᠭᠡᠨ ᠪᠦᠲᠦᠭᠰᠡᠨ ᠡᠨᠡ ᠰᠤᠳᠤᠷ ᠳᠠᠬᠢᠨ ᠪᠦᠷᠢᠨ ᠡᠬᠡ ᠪᠡᠷ ᠢ᠋ᠶ᠋ᠡᠨ ᠨᠥᠬᠥᠭᠳᠡᠬᠦ ᠨᠢ ᠡᠷᠡᠭᠡᠯᠵᠡᠭᠡ ᠲᠡᠢ᠃ ᠲᠡᠷᠡ ᠨᠢᠭᠡᠨ ᠴᠠᠭ ᠲᠤ᠌ ᠮᠥᠨ ᠬᠦ᠌ ᠰᠤᠳᠤᠷ ᠢ᠋ ᠬᠠᠮᠲᠤ ᠪᠢᠴᠢᠯᠴᠡᠨ ᠬᠣᠶᠠᠷ ᠨᠢᠳᠦᠨ ᠳ᠋ᠡᠭᠡᠨ ᠵᠢᠷᠭᠠᠯ ᠤ᠋ᠨ ᠣᠴᠢ ᠲᠠᠲᠠᠭᠤᠯᠤᠨ ᠰᠠᠭᠤᠭᠰᠠᠨ ᠡᠪᠦᠭᠡᠨ ᠪᠤᠭᠤᠷᠤᠯ ᠶᠧᠯᠢᠤᠢ ᠴᠥ᠋ᠼᠠᠢ ᠮᠥᠩᠬᠡ ᠲᠩᠷᠢ ᠶ᠋ᠢᠨ ᠣᠷᠣᠨ᠎ᠠ ᠣᠳᠴᠠᠢ᠃
   《ᠠᠯᠢᠪᠠ ᠶᠠᠭᠤᠮ᠎ᠠ ᠪᠦᠲᠦᠬᠦ ᠮᠥᠩᠬᠡ ᠲᠩᠷᠢ ᠶ᠋ᠢᠨ ᠴᠠᠭ ᠭᠡᠵᠦ ᠪᠠᠢᠳᠠᠭ ᠪᠣᠯᠤᠯᠲᠠᠢ᠂ ᠲᠡᠷᠡ ᠴᠠᠭ ᠬᠡᠳᠦᠢᠨ ᠳᠠᠭᠤᠰᠴᠤ ᠣᠩᠭᠣᠳ ᠲᠩᠷᠢ ᠬᠠᠭᠠᠯᠭ᠎ᠠ ᠪᠠᠨ ᠬᠠᠭᠠᠭᠰᠠᠨ ᠮᠡᠲᠦ ᠰᠠᠨᠠᠭᠳᠠᠨ᠎ᠠ᠃ ᠣᠳᠣ ᠠᠯᠲᠠᠨ ᠰᠤᠳᠤᠷ ᠢ᠋ ᠬᠠᠭᠤᠴᠢᠨ ᠬᠡᠪ ᠢ᠋ᠶ᠋ᠡᠷ ᠨᠢ ᠪᠤᠴᠠᠭᠠᠨ ᠦᠯᠡᠳᠡᠭᠡᠬᠦ ᠠᠷᠭ᠎ᠠ ᠨᠢᠭᠡᠨᠲᠡ ᠦᠭᠡᠢ ᠪᠣᠯᠵᠠᠢ》 ᠭᠡᠮᠡᠨ ᠪᠣᠳᠣᠬᠤᠢ ᠳ᠋ᠤ᠌ ᠵᠠᠩᠭᠢᠷᠠᠨ ᠭᠠᠷᠬᠤ ᠨᠢᠯᠪᠤᠰᠤ ᠨᠢ ᠬᠣᠭᠣᠯᠠᠢ ᠳᠡᠭᠡᠷ᠎ᠡ ᠨᠢ ᠲᠡᠭᠡᠭᠯᠡᠨ ᠭᠠᠴᠠᠬᠤ ᠮᠡᠲᠦ ᠰᠠᠨᠠᠭᠳᠠᠨ᠂ ᠠᠮᠢᠰᠬᠤᠯ ᠨᠢ ᠪᠥᠭᠯᠡᠷᠡᠬᠦ ᠰᠢᠭ ᠪᠣᠯᠤᠯ᠎ᠠ᠃ ᠭᠣᠣᠯ ᠬᠠᠷᠠᠯᠠᠭᠤᠯᠤᠭᠰᠠᠨ ᠠᠢᠳᠠᠰ ᠲᠦᠭᠰᠢᠭᠦᠷᠢ ᠲᠡᠢ ᠨᠢᠭᠤᠷ ᠲᠤᠯᠤᠨ ᠤᠴᠠᠷᠠᠭᠰᠠᠨ ᠴᠠᠭ ᠲᠤ᠌ ᠬᠥᠮᠦᠨ ᠭᠡᠳᠡᠭ ᠠᠮᠢᠲᠠᠨ ᠳᠡᠩᠳᠡᠭᠦᠦ ᠥᠴᠦᠬᠡᠨ ᠪᠣᠯᠳᠠᠭ ᠶᠤᠮ ᠪᠣᠯᠪᠠ ᠤᠤ᠃
   ᠣᠳᠣ ᠬᠡᠷᠬᠢᠬᠦ ᠪᠢᠯᠡ ᠭᠡᠮᠡᠨ ᠰᠡᠳᠬᠢᠯ ᠴᠢᠯᠡᠭᠡᠨ ᠰᠠᠭᠤᠭ᠎ᠠ ᠬᠠᠲᠤᠨ ᠢ᠋ ᠲᠣᠭᠣᠷᠢᠨ ᠵᠣᠭᠰᠣᠭᠰᠠᠨ ᠬᠥᠮᠦᠰ ᠴᠢᠪ ᠴᠢᠮᠡᠭᠡ ᠦᠭᠡᠢ᠃ ᠡᠷᠭᠢᠨ ᠲᠣᠭᠣᠷᠢᠨ ᠨᠠᠮ ᠭᠦᠮ᠃ ᠬᠥᠮᠦᠰ ᠦ᠋ᠨ ᠠᠮᠢᠰᠬᠤᠯᠯᠠᠬᠤ ᠨᠢ ᠬᠦᠷᠲᠡᠯ᠎ᠡ ᠰᠣᠨᠣᠰᠳᠠᠵᠤ ᠪᠠᠢᠬᠤ ᠰᠢᠭ᠋ ᠶᠡᠬᠡ ᠨᠠᠮ ᠭᠦᠮ ᠢ᠋ ᠢᠷᠡᠨ ᠬᠥᠭ ᠠᠶᠠᠯᠭᠤ ᠮᠡᠲᠦ᠂ ᠬᠥᠭᠵᠢᠮ ᠦ᠋ᠨ ᠴᠢᠪᠬᠠᠳᠠᠰᠤ ᠮᠡᠲᠦ ᠨᠢᠭᠡᠨ ᠨᠠᠷᠢᠬᠠᠨ ᠴᠡᠭᠡᠯ ᠬᠣᠭᠣᠯᠠᠢ ᠰᠣᠨᠣᠰᠤᠭᠳᠠᠯ᠎ᠠ᠃
   — ᠮᠥᠩᠬᠡ ᠲᠩᠷᠢ ᠶ᠋ᠢᠨ ᠦᠨᠡᠨ ᠪᠣᠯ
   ᠠᠮᠤᠷ ᠠᠮᠤᠭᠤᠯᠠᠩ ᠤ᠋ᠨ ᠦᠨᠡᠨ
   ᠶᠢᠷᠲᠢᠨᠴᠦ ᠳ᠋ᠠᠬᠢᠨ ᠤ᠋ ᠦᠨᠡᠨ ᠪᠣᠯ
   ᠡᠪᠯᠡᠨ ᠨᠢᠭᠡᠳᠬᠦ ᠶ᠋ᠢᠨ ᠦᠨᠡᠨ
   ᠬᠥᠬᠡ ᠮᠣᠩᠭᠣᠯ ᠤ᠋ᠨ ᠳᠡᠭᠡᠪᠦᠷ ᠳᠣᠣᠷ᠎ᠠ
   ᠬᠥᠷᠥᠰᠥᠲᠦ ᠳᠡᠯᠡᠬᠡᠢ ᠶ᠋ᠢ ᠬᠤᠷᠢᠶᠠᠬᠤ ᠶ᠋ᠢᠨ ᠴᠠᠭ ᠲᠤ᠌
   ᠲᠩᠷᠢ ᠳ᠋ᠦ᠍ ᠨᠢᠭᠡ ᠨᠠᠷᠠ ᠲᠠᠢ᠂ ᠭᠠᠵᠠᠷ ᠲᠤ ᠨᠢᠭᠡ ᠲᠥᠷᠥ ᠲᠡᠢ 
   ᠠᠮᠤᠭᠤᠯᠠᠩ  ᠤ᠋ᠨ ᠬᠠᠭᠠᠯᠭ᠎ᠠ ᠠᠯᠭᠤᠷ ᠨᠡᠭᠡᠭᠡᠭᠳᠡᠵᠦ 
   ᠠᠯᠲᠠᠨ ᠦᠨᠡᠨ ᠳᠡᠯᠭᠡᠭᠳᠡᠬᠦ ᠪᠣᠯᠤᠨ᠎ᠠ ᠭᠡᠮᠡᠨ ᠤᠩᠰᠢᠵᠤ ᠡᠬᠢᠯᠡᠬᠦ ᠶ᠋ᠢ ᠬᠠᠷᠠᠪᠠᠯ ᠠᠴᠢ ᠬᠦᠦ ᠨᠢ ᠠᠯᠲᠠᠨ ᠰᠤᠳᠤᠷ ᠢ᠋ ᠴᠡᠭᠡᠵᠢ ᠪᠡᠷ ᠥᠭᠦᠯᠡᠨ ᠵᠣᠭᠰᠣᠵᠤ ᠪᠠᠢᠬᠤ ᠨᠢ ᠲᠡᠷᠡ᠃ ᠲᠡᠮᠦᠬᠡᠨ ᠪᠡᠬᠢ ᠠᠷᠤ ᠡᠴᠡ ᠨᠢ ᠵᠠᠯᠭᠠᠭᠤᠯᠤᠨ᠄
   — ᠲᠣᠢᠭᠲᠠᠨᠢ᠋ ᠰᠥᠬᠥᠷᠡᠭᠦᠯᠬᠦ ᠶ᠋ᠢᠨ ᠤᠴᠢᠷ 
   ᠲᠣᠯᠣᠭᠠᠢᠲᠠᠨ ᠢ᠋ ᠪᠥᠬᠥᠢᠯᠭᠡᠬᠦ ᠶ᠋ᠢᠨ ᠤᠴᠢᠷ 
   ᠪᠢᠳᠡᠨ ᠢ ᠬᠡᠨ ᠳᠠᠭᠠᠨ᠎ᠠ᠂ ᠲᠡᠷᠡ ᠥᠷᠦᠰᠢᠶᠡᠭᠳᠡᠵᠦ 
   ᠪᠢᠳᠡᠨ ᠢ᠋ ᠬᠡᠨ ᠰᠥᠷᠦᠨ᠎ᠡ᠂ ᠲᠡᠷᠡ ᠴᠡᠭᠡᠷᠯᠡᠭᠳᠡᠨ᠎ᠡ ᠭᠡᠵᠦ ᠦᠷᠭᠦᠯᠵᠢᠯᠡᠭᠦᠯᠦᠯ᠎ᠡ᠃ ᠲᠡᠮᠦᠬᠡᠨ ᠪᠡᠬᠢ ᠶ᠋ᠢ ᠵᠣᠭᠰᠣᠭᠰᠠᠨ ᠳᠠᠷᠤᠢ ᠣᠷᠳᠣᠨ ᠤ᠋ ᠲᠦᠰᠢᠮᠡᠳ ᠠᠯᠲᠠᠨ ᠰᠤᠳᠤᠷ ᠢ᠋ ᠠᠶᠠᠯᠭᠤᠯᠤᠨ ᠵᠠᠯᠭᠠᠵᠤ᠂ ᠦᠭᠡᠰ ᠨᠢ ᠴᠡᠭᠡᠵᠢᠨ ᠡᠴᠡ ᠨᠢ ᠤᠨᠳᠤᠷᠤᠨ ᠪᠠᠢᠬᠤ ᠮᠡᠲᠦ ᠱᠠᠳ ᠱᠠᠳ ᠢ᠋ᠶ᠋ᠠᠷ ᠨᠢ ᠬᠦᠪᠦᠷᠡᠭᠦᠯᠦᠨ ᠤᠩᠰᠢᠯ᠎ᠠ᠃ ᠡᠨᠡ ᠪᠦᠬᠦᠨ ᠬᠥᠭ ᠡᠬᠡᠰᠢᠭ ᠮᠡᠲᠦ ᠬᠥᠮᠦᠨ ᠪᠦᠷᠢ ᠶ᠋ᠢᠨ ᠠᠮᠠᠨ ᠡᠴᠡ ᠭᠠᠷᠴᠤ᠂ ᠪᠦᠭᠦᠳᠡ ᠨᠢᠭᠡᠨ ᠳᠠᠭᠤ ᠪᠠᠷ ᠤᠩᠰᠢᠵᠤ ᠪᠠᠢᠬᠤ ᠳ᠋ᠤ᠌ ᠬᠠᠲᠤᠨ ᠤ᠋ ᠨᠢᠳᠦᠨ ᠳ᠋ᠦ᠍ ᠪᠠᠶᠠᠷ ᠲᠣᠳᠣᠷᠠᠵᠤ᠂ ᠭᠠᠵᠠᠷ ᠡᠴᠡ ᠥᠨᠳᠡᠢᠨ ᠪᠣᠰᠴᠤ ᠢᠷᠡᠯ᠎ᠡ᠃
   ᠬᠠᠲᠤᠨ ᠡᠬᠡ ᠶ᠋ᠢᠨ ᠬᠠᠵᠠᠭᠤ ᠳ᠋ᠤ᠌ ᠵᠣᠭᠰᠣᠵᠤ ᠪᠠᠢᠭᠰᠠᠨ ᠲᠡᠮᠦᠬᠡᠨ ᠪᠡᠬᠢ ᠳ᠋ᠦ᠍᠂ ᠲᠡᠭᠦᠨ ᠦ᠌ ᠠᠯᠪᠠᠲᠤ ᠲᠠᠯ᠎ᠠ ᠨᠢ ᠰᠢᠲᠠᠭᠰᠠᠨ ᠰᠤᠳᠤᠷ ᠢ᠋ ᠠᠪᠴᠢᠷᠠᠵᠤ ᠥᠭᠬᠦ ᠳ᠋ᠦ᠍ ᠲᠡᠷᠡ ᠬᠠᠲᠤᠨ ᠡᠬᠡ ᠳ᠋ᠡᠭᠡᠨ ᠪᠠᠷᠢᠯ᠎ᠠ᠃ ᠭᠤᠷᠪᠠᠨ ᠳᠠᠪᠬᠤᠷ ᠪᠠᠷᠢᠨᠲᠠᠭ ᠲᠠᠢ ᠰᠤᠳᠤᠷ ᠤ᠋ᠨ ᠲᠠᠯ᠎ᠠ ᠨᠢ ᠦᠭᠡᠢ ᠪᠣᠯᠵᠠᠢ᠃ ᠰᠤᠷᠬᠠᠭᠲᠠᠨᠢ ᠬᠠᠲᠤᠨ᠄  
   — ᠠᠯᠲᠠᠨ ᠰᠤᠳᠤᠷ ᠠᠯᠠᠭ᠎ᠠ ᠪᠣᠯᠤᠭ᠎ᠠ ᠦᠭᠡᠢ ᠶᠤᠮ ᠪᠠᠢᠨ᠎ᠠ᠃ ᠦᠨᠡᠨ ᠢ᠋ ᠥᠭᠦᠯᠡᠨ ᠪᠢᠴᠢᠭᠰᠡᠨ ᠰᠤᠳᠤᠷ ᠤ᠋ᠨ ᠬᠠᠭᠤᠳᠠᠰᠤ ᠰᠢᠲᠠᠭᠰᠠᠨ ᠡᠴᠡ ᠪᠢᠰᠢ᠂ ᠲᠡᠭᠦᠨ ᠢ᠋ ᠴᠡᠭᠡᠵᠢᠯᠡᠭᠰᠡᠨ ᠬᠥᠮᠦᠨ ᠦ᠌ ᠰᠡᠳᠬᠢᠯ ᠬᠠᠢᠯᠤᠭ᠎ᠠ ᠦᠭᠡᠢ ᠶᠤᠮ ᠪᠠᠢᠨ᠎ᠠ᠃ ᠨᠠᠰᠤ ᠥᠨᠳᠥᠷ ᠬᠠᠲᠤᠨ ᠮᠢᠨᠦ ᠴᠡᠭᠡᠵᠢᠨ ᠳ᠋ᠦ᠍ ᠦᠯᠡᠳᠡᠭᠡᠭᠡ ᠦᠭᠡᠢ ᠴᠦ᠍ ᠠᠪᠤᠷᠠᠯ ᠥᠷᠥᠰᠢᠶᠡᠯ ᠢ᠋ᠶ᠋ᠡᠨ ᠪᠢᠳᠡᠨ ᠳ᠋ᠦ᠍ ᠢᠯᠡᠭᠡᠵᠦ ᠦᠷ᠎ᠡ ᠬᠡᠦᠬᠡᠳ ᠲᠦ᠍ ᠮᠢᠨᠢ ᠦᠯᠡᠳᠡᠭᠡᠵᠡᠢ᠃ ᠮᠥᠩᠬᠡ ᠲᠩᠷᠢ᠂ ᠮᠥᠩᠬᠡ ᠲᠩᠷᠢ ᠮᠢᠨᠢ᠃ ᠲᠠ ᠪᠢᠳᠡᠨ ᠢ᠋ ᠬᠠᠷᠠᠵᠤ ᠪᠠᠢ ᠭᠡᠵᠦ ᠬᠡᠯᠡᠭᠡᠳ ᠠᠯᠲᠠᠨ ᠰᠤᠳᠤᠷ ᠢ᠋ᠶ᠋ᠠᠨ ᠬᠠᠷᠠᠵᠤ
   ᠡᠭᠦᠨ ᠢ ᠠᠬᠢᠵᠤ ᠪᠢᠴᠢᠶ᠎ᠡ᠂ ᠴᠡᠭᠡᠵᠢ ᠪᠡᠨ ᠠᠭᠤᠳᠠᠯᠤᠨ᠂ ᠵᠢᠷᠦᠬᠡ ᠪᠡᠨ ᠴᠢᠩᠨᠠᠵᠤ᠂ ᠴᠢᠩ ᠦᠨᠡᠨ ᠢ᠋ ᠪᠢᠴᠢᠵᠦ ᠦᠯᠡᠳᠡᠭᠡᠶ᠎ᠡ ᠭᠡᠵᠦ ᠬᠡᠯᠡᠯ᠎ᠡ᠃
   ᠡᠨᠡ ᠡᠳᠦᠷ ᠡᠴᠡ ᠬᠣᠢᠰᠢ ᠠᠯᠲᠠᠨ ᠰᠤᠳᠤᠷ ᠢ᠋ ᠰᠡᠷᠭᠦᠭᠡᠨ ᠪᠢᠴᠢᠬᠦ ᠶᠡᠬᠡ ᠠᠵᠢᠯ ᠠᠭᠤᠷᠠᠭ ᠲᠤ ᠥᠷᠨᠢᠯ᠎ᠡ᠃ ᠣᠩᠭᠣ ᠲᠩᠷᠢ ᠶ᠋ᠢᠨ ᠴᠠᠭ ᠳᠠᠭᠤᠰᠴᠤ ᠬᠠᠭᠠᠯᠭ᠎ᠠ ᠪᠠᠨ ᠬᠠᠭᠠᠭᠰᠠᠨ ᠬᠡᠷᠡᠭ ᠪᠢᠰᠢ᠂ ᠣᠩᠭᠣ ᠲᠩᠷᠢ ᠡᠴᠡ ᠨᠢᠭᠡᠨᠲᠡ ᠪᠠᠭᠤᠭᠰᠠᠨ ᠯᠠ ᠪᠣᠯ ᠠᠯᠢᠪᠠ ᠪᠦᠬᠦᠨ ᠬᠥᠮᠦᠨ ᠦ᠌ ᠣᠶᠤᠨ ᠰᠡᠳᠬᠢᠯ ᠳ᠋ᠦ᠍ ᠥᠪᠡᠷ ᠦ᠋ᠨ ᠵᠠᠢ ᠪᠠᠨ ᠡᠵᠡᠯᠡᠨ ᠣᠷᠣᠰᠢᠳᠠᠭ ᠤ᠋ᠨ ᠦᠨᠡᠨ ᠢ᠋ ᠬᠠᠷᠠᠭᠤᠯᠤᠭᠰᠠᠨ ᠬᠡᠷᠡᠭ ᠪᠣᠯᠤᠯ᠎ᠠ᠃ ᠠᠯᠲᠠᠨ ᠰᠤᠳᠤᠷ ᠪᠣᠯ ᠠᠮᠢᠳᠤᠷᠠᠯ ᠤ᠋ᠨ ᠦᠨᠡᠨ ᠶᠤᠮ᠃ ᠠᠮᠢᠳᠤᠷᠠᠯ ᠤ᠋ᠨ ᠦᠨᠡᠨ ᠪᠣᠯ ᠠᠯᠠᠭ ᠽᠠᠮᠪᠤᠯᠢᠩ ᠤ᠋ᠨ ᠦᠨᠡᠨ ᠶᠤᠮ᠃ ᠠᠯᠲᠠᠨ ᠰᠤᠳᠤᠷ ᠢ᠋ ᠳ᠋ᠡᠭᠡᠨ ᠶᠠᠪᠤᠭᠰᠠᠨ ᠢ᠋ᠶ᠋ᠠᠷ ᠬᠥᠬᠡ ᠮᠣᠩᠭᠣᠯ ᠤ᠋ᠨ ᠲᠥᠷᠥ ᠪᠤᠰᠤ᠂ ᠬᠥᠷᠥᠰᠥᠲᠦ ᠳᠡᠯᠡᠬᠡᠢ ᠠᠮᠤᠷᠯᠢᠬᠤ ᠤᠴᠢᠷ ᠲᠠᠢ ᠪᠠᠢᠯ᠎ᠠ᠃ ᠠᠯᠠᠭ ᠳᠡᠯᠡᠬᠡᠢ ᠶ᠋ᠢ ᠠᠮᠤᠷᠯᠢᠭᠤᠯᠬᠤ ᠶ᠋ᠢ ᠬᠦᠰᠡᠭᠴᠢ ᠮᠣᠩᠭᠣᠯᠴᠤᠳ ᠠᠯᠢ ᠨᠢᠭᠡ ᠱᠠᠰᠢᠨ ᠢ᠋ ᠣᠨᠴᠠᠯᠠᠨ ᠰᠢᠲᠦᠳᠡᠭ ᠦᠭᠡᠢ ᠪᠢᠯᠡ᠃ ᠪᠦᠭᠦᠳᠡ ᠥᠪᠡᠷ ᠦ᠋ᠨ ᠬᠦᠰᠡᠯ ᠢ᠋ᠶ᠋ᠡᠷ᠂ ᠴᠢᠩ ᠪᠢᠰᠢᠷᠡᠯ ᠢ᠋ᠶ᠋ᠡᠷ ᠠᠮᠤᠭᠤᠯᠠᠩ ᠤ᠋ᠨ ᠬᠠᠭᠠᠯᠭ᠎ᠠ ᠶ᠋ᠢ ᠲᠠᠲᠠᠬᠤ ᠨᠢ ᠠᠯᠲᠠᠨ ᠰᠤᠳᠤᠷ ᠤ᠋ᠨ ᠦᠨᠡᠨ ᠤᠳᠬ᠎ᠠ ᠪᠠᠢᠪᠠ᠃
   *
   ᠲᠠᠯ᠎ᠠ ᠨᠤᠲᠤᠭ ᠲᠤ ᠶᠡᠬᠡ ᠬᠤᠷᠠᠯᠳᠠᠢ ᠶ᠋ᠢᠨ ᠵᠠᠷ ᠲᠠᠷᠬᠠᠭᠰᠠᠨ ᠴᠠᠭ ᠡᠴᠡ ᠬᠣᠢᠰᠢ ᠨᠡᠯᠢᠶᠡᠳ ᠬᠤᠭᠤᠴᠠᠭ᠎ᠠ ᠥᠩᠭᠡᠷᠡᠵᠡᠢ᠃ ᠡᠵᠡᠨᠲᠦ ᠭᠦᠷᠦᠨ ᠦ᠌ ᠥᠷᠭᠡᠨ ᠠᠭᠤᠳᠠᠮ ᠨᠤᠲᠤᠭ ᠳᠡᠪᠢᠰᠬᠡᠷ ᠲᠦ᠍ ᠡᠨᠡ ᠵᠠᠷ ᠬᠦᠷᠴᠦ᠂ ᠬᠤᠷᠠᠯᠳᠠᠢ ᠳ᠋ᠤ᠌ ᠬᠦᠷᠦᠯᠴᠡᠨ ᠢᠷᠡᠬᠦ ᠬᠥᠮᠦᠰ ᠢ᠋ ᠬᠦᠯᠢᠶᠡᠬᠦ ᠯᠡ ᠦᠯᠡᠳᠡᠭᠡᠳ ᠪᠠᠢᠪᠠ᠃ 
   ᠳᠦᠷᠭᠡᠨ᠎ᠡ ᠬᠠᠲᠤᠨ ᠶᠡᠬᠡ ᠬᠤᠷᠠᠯᠲᠠᠢ ᠶ᠋ᠢᠨ ᠪᠡᠯᠡᠳᠬᠡᠯ ᠠᠵᠢᠯ ᠢ᠋ ᠤᠳᠠᠲᠠᠯ᠎ᠠ ᠬᠢᠭᠰᠡᠨ ᠨᠢ ᠢᠯᠡᠳᠲᠡ ᠬᠠᠷᠠᠭᠳᠠᠨ᠎ᠠ᠃ ᠡᠵᠡᠨᠲᠦ ᠭᠦᠷᠦᠨ ᠦ᠌ ᠪᠠᠶᠠᠨ ᠲᠠᠩᠰᠤᠭ ᠪᠠᠢᠳᠠᠯ ᠰᠦᠷ ᠬᠦᠴᠦ ᠶ᠋ᠢ ᠬᠠᠷᠠᠭᠤᠯᠬᠤ ᠡᠭᠦᠳᠡᠨ ᠡᠴᠡ ᠤᠷᠢᠳ ᠤᠷᠢᠳ ᠤ᠋ᠨ ᠬᠤᠷᠠᠯᠳᠠᠢ ᠡᠴᠡ ᠢᠯᠡᠭᠦᠦ ᠥᠷᠭᠡᠨ ᠳᠡᠯᠭᠡᠷ᠂ ᠢᠯᠡᠭᠦᠦ ᠪᠠᠶᠠᠨ ᠲᠠᠩᠰᠤᠭ ᠪᠠᠢᠳᠠᠯ ᠢ᠋ ᠮᠡᠳᠡᠷᠡᠭᠦᠯᠬᠦ ᠵᠣᠷᠢᠯᠭ᠎ᠠ ᠲᠠᠯᠪᠢᠭᠰᠠᠨ ᠨᠢ ᠢᠯᠡᠳᠲᠡ ᠠᠵᠢ᠃ ᠳᠥᠷᠭᠡᠨ᠎ᠡ ᠬᠠᠲᠤᠨ ᠤ᠋ ᠵᠠᠰᠠᠭ ᠪᠠᠷᠢᠵᠤ ᠪᠠᠢᠬᠤ ᠬᠤᠭᠤᠴᠠᠭᠠᠨ ᠳ᠋ᠤ᠌ ᠣᠯᠠᠨ ᠤ᠋ ᠳᠤᠮᠳᠠ ᠲᠡᠭᠦᠨ ᠦ᠌ ᠨᠡᠷ᠎ᠡ ᠬᠦᠨᠳᠦ ᠨᠢ ᠨᠡᠯᠢᠶᠡᠳ ᠤᠨᠠᠭᠰᠠᠨ ᠲᠤᠯᠠ ᠭᠡᠮ ᠢ᠋ᠶ᠋ᠡᠨ ᠴᠠᠭᠠᠳᠬᠠᠬᠤ ᠬᠡᠷᠡᠭ ᠲᠡᠢ ᠪᠠᠢᠯ᠎ᠠ᠃ ᠠᠯᠳᠠᠭ᠎ᠠ ᠶ᠋ᠢ ᠵᠠᠰᠠᠨ᠎ᠠ ᠭᠡᠳᠡᠭ ᠠᠯᠳᠠᠭ᠎ᠠ ᠶ᠋ᠢ ᠭᠠᠷᠭᠠᠬᠤ ᠡᠴᠡ ᠬᠡᠴᠡᠭᠦᠦ ᠪᠠᠢᠳᠠᠭ ᠨᠢ ᠦᠨᠡᠨ ᠠᠵᠤᠭᠤ᠃
   ᠡᠨᠡ ᠤᠳᠠᠭ᠎ᠠ ᠶ᠋ᠢᠨ ᠬᠤᠷᠠᠯᠲᠠᠢ ᠳ᠋ᠤ᠌ ᠣᠯᠠᠨ ᠬᠥᠮᠦᠨ ᠴᠤᠭᠯᠠᠬᠤ ᠨᠢ ᠲᠣᠳᠣᠷᠬᠠᠢ᠃ ᠲᠠᠪᠤᠨ ᠵᠢᠯ ᠦ᠋ᠨ ᠲᠤᠷᠰᠢ ᠬᠠᠭᠠᠨ ᠰᠠᠭᠤᠳᠠᠯ ᠡᠵᠡᠭᠦᠢ ᠪᠠᠢᠭᠰᠠᠨ ᠡᠴᠡ ᠡᠵᠡᠨᠲᠦ ᠭᠦᠷᠦᠨ ᠦ᠌ ᠲᠥᠷᠥ ᠶ᠋ᠢᠨ ᠪᠣᠳᠣᠯᠭ᠎ᠠ ᠭᠠᠩᠬᠤᠭᠠᠳ ᠪᠠᠢᠭᠰᠠᠨ ᠴᠠᠭ᠃ ᠬᠦᠨᠳᠦ ᠬᠡᠴᠡᠭᠦᠦ ᠡᠨᠡ ᠦᠶ᠎ᠡ ᠳ᠋ᠦ᠍ ᠳᠠᠷᠠᠭ᠎ᠠ ᠶ᠋ᠢᠨ ᠬᠠᠭᠠᠨ ᠢ᠋ ᠲᠣᠳᠣᠷᠠᠭᠤᠯᠬᠤ ᠠᠰᠠᠭᠤᠳᠠᠯ ᠢ᠋ ᠬᠡᠨ ᠬᠥᠮᠦᠨ ᠦᠭᠡᠢ ᠠᠩᠬᠠᠷᠤᠯ ᠳ᠋ᠠᠭᠠᠨ ᠠᠪᠴᠤ ᠢᠷᠡᠬᠦ ᠤᠴᠢᠷ ᠲᠠᠢ ᠪᠠᠢᠪᠠ᠃
   ᠬᠤᠷᠠᠯᠲᠠᠢ ᠶᠠᠪᠤᠭᠤᠯᠬᠤ ᠭᠣᠣᠯ ᠭᠠᠵᠠᠷ ᠲᠤ ᠳᠣᠣᠷ᠎ᠠ ᠬᠠᠶᠠᠵᠤ ᠬᠣᠶᠠᠷ ᠮᠢᠩᠭᠠᠨ ᠬᠥᠮᠦᠨ ᠪᠠᠭᠲᠠᠬᠤ᠂ ᠴᠠᠭᠠᠨ ᠥᠩᠭᠡ ᠶ᠋ᠢᠨ ᠨᠦᠰᠡᠷ ᠲᠣᠮᠣ ᠠᠰᠠᠷ ᠪᠠᠢᠷᠢᠯᠠᠭᠤᠯᠵᠠᠢ᠃ ᠠᠰᠠᠷ ᠤ᠋ᠨ ᠭᠠᠳᠠᠨ᠎ᠠ ᠲᠠᠯ᠎ᠠ ᠪᠠᠷ ᠲᠥᠷᠥᠯ ᠪᠦᠷᠢ ᠶ᠋ᠢᠨ ᠬᠡᠯᠪᠡᠷᠢ ᠳᠦᠷᠰᠦ ᠪᠦᠬᠦᠢ ᠮᠣᠳᠣᠨ ᠬᠠᠢᠰᠤ ᠶ᠋ᠢ ᠬᠠᠳᠬᠤᠭᠰᠠᠨ ᠨᠢ ᠥᠷᠥᠨ᠎ᠡ ᠬᠢᠭᠡᠳ ᠳᠣᠷᠣᠨ᠎ᠠ ᠶ᠋ᠢᠨ ᠰᠣᠶᠣᠯ ᠢ᠋ ᠠᠭᠤᠯᠤᠭᠰᠠᠨ ᠭᠦᠨ ᠭᠦᠨᠵᠡᠭᠡᠢ ᠤᠳᠬ᠎ᠠ ᠶ᠋ᠢ ᠢᠯᠡᠳᠬᠡᠵᠦ ᠪᠣᠢ ᠮᠡᠲᠦ ᠰᠠᠨᠠᠭᠳᠠᠨ᠎ᠠ᠃ ᠬᠤᠷᠠᠯᠲᠠᠢ ᠪᠣᠯᠬᠤ ᠭᠠᠵᠠᠷ ᠡᠳᠦᠷ ᠡᠳᠦᠷ ᠢ᠋ᠶ᠋ᠡᠷ ᠬᠥᠮᠦᠰ ᠨᠡᠮᠡᠭᠳᠡᠨ ᠢᠷᠡᠭᠰᠡᠭᠡᠷ ᠣᠢᠷᠠᠯᠴᠠᠭᠠᠬᠢ ᠠᠭᠤᠯᠠ ᠬᠥᠨᠳᠡᠢ ᠲᠡᠷᠡ ᠠᠶ᠎ᠠ ᠪᠠᠷ ᠢ᠋ᠶ᠋ᠠᠨ ᠨᠡᠭᠦᠳᠡᠯᠴᠢᠳ ᠦ᠋ᠨ ᠭᠡᠷ ᠥᠷᠭᠥᠭᠡ ᠪᠡᠷ ᠳᠦᠭᠦᠷᠴᠦ᠂ ᠡᠵᠡᠨᠲᠦ ᠭᠦᠷᠦᠨ ᠦ᠌ ᠶᠡᠬᠡᠩᠬᠢ ᠨᠤᠲᠤᠭ ᠳᠡᠪᠢᠰᠬᠡᠷ ᠡᠴᠡ ᠡᠯᠴᠢ ᠲᠥᠯᠥᠭᠡᠯᠡᠭᠴᠢᠳ ᠢᠷᠡᠭᠰᠡᠨ ᠪᠠᠢᠯ᠎ᠠ᠃ ᠲᠡᠳᠡ ᠪᠦᠭᠦᠳᠡᠭᠡᠷ ᠰᠢᠨ᠎ᠡ ᠪᠡᠷ ᠬᠠᠭᠠᠨ ᠣᠷᠣ ᠰᠠᠭᠤᠬᠤ ᠡᠵᠡᠨ ᠬᠠᠭᠠᠨ ᠳ᠋ᠤ᠌ ᠬᠦᠨᠳᠦᠳᠬᠡᠯ ᠢᠯᠡᠷᠬᠡᠢᠯᠡᠬᠦ ᠲᠤᠯᠠ ᠠᠯᠲᠠ ᠮᠥᠩᠭᠥ᠂ ᠪᠥᠰ ᠪᠠᠷᠠᠭ᠎ᠠ᠂ ᠲᠣᠷᠭ᠎ᠠ ᠳᠤᠷᠳᠤᠩ ᠲᠡᠮᠡᠭᠡ ᠲᠡᠮᠡᠭᠡ ᠪᠡᠷ ᠠᠴᠢᠨ ᠠᠪᠴᠢᠷᠠᠵᠠᠢ᠃ ᠬᠤᠷᠠᠯᠲᠠᠢ ᠪᠣᠯᠬᠤ ᠠᠰᠠᠷ ᠢ᠋ ᠲᠣᠭᠣᠷᠢᠭᠤᠯᠤᠨ ᠲᠠᠲᠠᠭᠰᠠᠨ ᠮᠣᠳᠣᠨ ᠬᠠᠢᠰᠤ ᠬᠣᠶᠠᠷ ᠭᠣᠣᠯ ᠬᠠᠭᠠᠯᠭ᠎ᠠ ᠲᠠᠢ᠃ ᠨᠢᠭᠡ ᠬᠠᠭᠠᠯᠭ᠎ᠠ ᠪᠠᠷ ᠨᠢ ᠵᠥᠪᠬᠡᠨ ᠡᠵᠡᠨ ᠬᠠᠭᠠᠨ ᠣᠷᠣᠬᠤ ᠪᠣᠯᠤᠨ᠎ᠠ᠃ ᠬᠠᠷᠢᠨ ᠨᠥᠭᠦᠭᠡ ᠲᠠᠯ᠎ᠠ ᠶ᠋ᠢᠨ ᠬᠠᠭᠠᠯᠭᠠᠨ ᠤ᠋ ᠳᠡᠷᠭᠡᠳᠡ ᠰᠡᠯᠡᠮ᠎ᠡ ᠵᠢᠳᠠ ᠠᠭᠰᠠᠭᠰᠠᠨ ᠬᠦᠳᠡᠷ ᠡᠷᠡᠴᠦᠳ ᠵᠣᠭᠰᠣᠬᠤ ᠠᠭᠠᠳ ᠬᠤᠷᠠᠯᠳᠠᠢ ᠳ᠋ᠤ᠌ ᠤᠷᠢᠯᠭ᠎ᠠ ᠪᠠᠷ ᠢᠷᠡᠭᠰᠡᠨ ᠬᠥᠮᠦᠰ ᠢ᠋ ᠰᠢᠯᠭᠠᠨ ᠣᠷᠣᠭᠤᠯᠵᠤ ᠪᠠᠢᠭ᠎ᠠ ᠨᠢ ᠬᠠᠷᠠᠭᠳᠠᠨ᠎ᠠ᠃
   ᠬᠤᠷᠠᠯᠲᠠᠢ ᠴᠢᠭᠤᠯᠬᠤ ᠡᠨᠡ ᠭᠠᠵᠠᠷ ᠲᠤ᠌ ᠴᠤᠭᠯᠠᠭᠰᠠᠨ ᠣᠯᠠᠨ ᠵᠠᠬ᠎ᠠ ᠬᠠᠶᠠᠭ᠎ᠠ ᠨᠢ ᠬᠠᠷᠠᠭᠳᠠᠬᠤ ᠦᠭᠡᠢ ᠤᠷᠲᠤ ᠦᠷᠭᠦᠯᠵᠢᠯᠡᠵᠦ ᠪᠠᠢᠭ᠎ᠠ ᠶ᠋ᠢ ᠬᠠᠷᠠᠪᠠᠯ ᠡᠵᠡᠨᠲᠦ ᠭᠦᠷᠦᠨ ᠦ᠌ ᠭᠠᠵᠠᠷ ᠨᠤᠲᠤᠭ ᠬᠡᠷᠬᠢᠨ ᠲᠡᠯᠡᠵᠦ᠂ ᠡᠨᠡ ᠬᠤᠷᠠᠯᠳᠠᠢ ᠶ᠋ᠢ ᠳᠠᠮᠵᠢᠨ ᠢᠷᠡᠭᠰᠡᠨ ᠬᠥᠮᠦᠰ ᠬᠡᠴᠢᠨᠡᠭᠡᠨ ᠣᠯᠠᠨ ᠪᠠᠢᠭ᠎ᠠ ᠶ᠋ᠢ ᠬᠠᠷᠠᠵᠤ ᠪᠣᠯᠬᠤ ᠪᠠᠢᠪᠠ᠃ ᠶᠡᠬᠡᠰ ᠳᠡᠭᠡᠳᠦᠰ᠂ ᠡᠯᠴᠢ ᠲᠦᠰᠢᠮᠡᠳ ᠣᠷᠣᠬᠤ ᠬᠠᠭᠠᠯᠭᠠᠨ ᠤ᠋ ᠣᠢᠷᠠᠯᠴᠠᠭ᠎ᠠ ᠥᠭᠯᠢᠭᠡ ᠬᠦᠰᠡᠮᠵᠢᠯᠡᠭᠰᠡᠨ ᠶᠠᠳᠠᠭᠤᠰ ᠴᠤ ᠣᠯᠠᠨ ᠪᠠᠢᠯ᠎ᠠ᠃ ᠲᠡᠳᠡ ᠴᠦ᠍ ᠮᠥᠨ ᠬᠤᠷᠠᠯᠲᠠᠢ ᠶ᠋ᠢᠨ ᠰᠤᠷᠠᠭ ᠠᠵᠢᠭ ᠢ᠋ ᠳᠤᠭᠤᠯᠤᠭᠠᠳ ᠵᠣᠷᠢᠨ ᠢᠷᠡᠭᠰᠡᠨ ᠨᠢ ᠢᠯᠡᠳᠲᠡ᠃ ᠴᠤᠭᠯᠠᠭᠰᠠᠨ ᠶᠠᠳᠠᠭᠤᠰ ᠤ᠋ᠨ ᠳᠤᠮᠳᠠ ᠡᠴᠡ ᠨᠢᠭᠡ ᠨᠣᠣᠷᠬᠠᠢ ᠡᠪᠦᠭᠡᠨ ᠬᠠᠭᠠᠯᠭᠠᠨ ᠤ᠋ ᠵᠦᠭ ᠣᠢᠷᠠᠲᠤᠨ ᠢᠷᠡᠭᠰᠡᠨ ᠢ᠋ᠶ᠋ᠡᠨ ᠴᠡᠷᠢᠭ ᠦ᠋ᠳ ᠲᠦ᠍ ᠵᠠᠨᠴᠢᠭᠤᠯᠤᠨ ᠴᠠᠭᠠᠰᠢ ᠴᠢᠷᠦᠭᠳᠡᠨ ᠣᠳᠤᠯ᠎ᠠ᠃
   ᠲᠣᠭᠣᠷᠢᠭᠤᠯᠤᠨ ᠲᠠᠲᠠᠭᠰᠠᠨ ᠠᠰᠤᠷᠤ ᠲᠣᠮᠣ ᠮᠣᠳᠣᠨ ᠬᠠᠢᠰᠤᠨ ᠤ᠋ ᠭᠣᠣᠯ ᠳ᠋ᠤ᠌ ᠶᠡᠬᠡ ᠬᠠᠭᠠᠨ ᠡᠷᠭᠦᠮᠵᠢᠯᠡᠬᠦ ᠶᠣᠰᠣᠯᠠᠯ ᠢ᠋ ᠬᠢᠬᠦ ᠪᠡᠷ ᠲᠣᠮᠣ ᠴᠠᠭᠠᠨ ᠭᠡᠷ ᠪᠠᠷᠢᠵᠠᠢ᠃ ᠭᠡᠷ ᠢ᠋ ᠠᠯᠲᠠᠨ ᠤᠭᠠᠯᠵᠠ ᠪᠠᠷ ᠭᠤᠶᠤᠵᠤ᠂ ᠲᠣᠭᠣᠨᠣ᠂ ᠪᠠᠭᠠᠨ᠎ᠠ᠂ ᠣᠨᠢ ᠶ᠋ᠢ ᠨᠢ ᠠᠯᠲᠠᠨ ᠲᠣᠪᠣᠷᠤᠤ ᠪᠠᠷ ᠴᠢᠮᠡᠭᠯᠡᠵᠡᠢ᠃ ᠶᠡᠬᠡ ᠬᠠᠭᠠᠨ ᠤ᠋ ᠭᠡᠷ ᠥᠷᠭᠥᠭᠡ ᠶ᠋ᠢ ᠰᠤᠮᠤ ᠨᠡᠪᠲᠡᠷᠡᠬᠦ ᠡᠴᠡ ᠰᠡᠷᠭᠡᠢᠯᠡᠨ ᠴᠠᠭᠠᠨ ᠢᠰᠡᠭᠡᠢ ᠶ᠋ᠢᠨ ᠳᠣᠲᠣᠭᠤᠷ ᠢᠯᠲᠠᠰᠤ ᠲᠡᠮᠦᠷ ᠵᠦᠢᠨ ᠬᠤᠶᠠᠭᠯᠠᠵᠤ᠂ ᠳᠡᠭᠡᠭᠦᠷ ᠨᠢ ᠴᠠᠭᠠᠨ ᠢᠰᠡᠭᠡᠢ ᠪᠡᠷ ᠪᠦᠷᠢᠭᠰᠡᠨ ᠪᠠᠢᠪᠠ᠃
   ᠬᠤᠷᠠᠯᠲᠠᠢ ᠡᠬᠢᠯᠡᠬᠦ ᠦᠶ᠎ᠡ ᠳ᠋ᠦ᠍ ᠲᠩᠷᠢ ᠪᠠᠷᠠᠭᠤᠨ ᠲᠠᠯ᠎ᠠ ᠠ᠋ᠴᠠ ᠪᠠᠨ ᠨᠡᠭᠦᠭᠡᠯᠲᠦᠨ ᠬᠠᠷᠠᠯᠠᠵᠤ ᠪᠠᠢᠭᠰᠠᠨ ᠢ᠋ᠶ᠋ᠠᠨ ᠠᠰᠤᠷᠤ ᠬᠦᠴᠦ ᠲᠡᠢ ᠮᠥᠨᠳᠥᠷ ᠪᠣᠯᠤᠨ ᠭᠠᠵᠠᠷ ᠲᠤ ᠤᠨᠠᠵᠤ᠂ ᠲᠡᠷᠡ ᠳᠠᠷᠤᠢ ᠲᠩᠷᠢ ᠭᠠᠵᠠᠷ ᠢ᠋ ᠬᠣᠯᠪᠣᠭᠰᠠᠨ ᠠᠢᠬᠤᠪᠲᠤᠷ ᠴᠠᠬᠢᠯᠭᠠᠨ ᠴᠠᠬᠢᠵᠤ᠂ ᠨᠦᠷᠭᠢᠯᠡᠨ ᠪᠠᠢᠭᠠᠳ ᠠᠷᠤ ᠡᠴᠡ ᠨᠢ ᠰᠢᠷᠦᠭᠦᠨ ᠪᠣᠷᠣᠭᠠᠨ ᠠᠰᠬᠠᠷᠠᠵᠤ ᠣᠷᠣᠯ᠎ᠠ᠃ ᠬᠤᠷᠠᠯᠲᠠᠢ ᠳ᠋ᠤ᠌ ᠢᠷᠡᠭᠰᠡᠨ ᠬᠥᠮᠦᠰ ᠠᠰᠠᠷ ᠤ᠋ᠨ ᠳᠣᠣᠷ᠎ᠠ ᠪᠣᠷᠣᠭᠠᠨ ᠡᠴᠡ ᠬᠣᠷᠭᠣᠳᠠᠨ᠂
   — ᠮᠥᠩᠬᠡ ᠲᠩᠷᠢ ᠬᠢᠯᠢᠩᠨᠡᠵᠦ ᠪᠠᠢᠨ᠎ᠠ᠃ ᠲᠡᠷᠡ ᠭᠡᠨᠡᠳᠲᠡ ᠶ᠋ᠢᠨ ᠶᠡᠬᠡ ᠠᠶᠤᠩᠭ᠎ᠠ ᠪᠠᠷ ᠪᠢᠳᠡᠨ ᠳ᠋ᠦ᠍ ᠰᠠᠨᠠᠭᠤᠯᠭ᠎ᠠ ᠥᠭᠪᠡ ᠬᠡᠮᠡᠬᠦ ᠳ᠋ᠦ᠍ ᠨᠥᠭᠦᠭᠡ ᠵᠠᠷᠢᠮ ᠨᠢ᠄
   — ᠬᠠᠷᠢᠨ ᠴᠤ᠌ ᠮᠥᠩᠬᠡ ᠲᠩᠷᠢ ᠲᠠᠭᠠᠯᠠᠵᠤ᠂ ᠬᠤᠷ᠎ᠠ ᠤᠰᠤ ᠪᠠᠨ ᠢᠯᠡᠭᠡᠵᠦ ᠪᠣᠢ ᠬᠡᠷᠡᠭ ᠪᠤᠰᠤ ᠤᠤ ᠭᠡᠰᠡᠨ ᠶᠠᠷᠢᠶ᠎ᠠ ᠥᠷᠨᠢᠨ᠎ᠡ᠃ ᠰᠤᠷᠬᠠᠭᠲᠠᠨᠢ ᠬᠠᠲᠤᠨ ᠡᠨᠡ ᠶᠣᠰᠣᠯᠠᠯ ᠳ᠋ᠤ᠌ ᠣᠷᠣᠯᠴᠠᠬᠤ ᠪᠠᠷ ᠬᠡᠳᠦ ᠬᠣᠨᠣᠭ ᠤ᠋ᠨ ᠡᠮᠦᠨ᠎ᠡ ᠠᠭᠤᠷᠠᠭ ᠡᠴᠡ ᠬᠡᠦᠬᠡᠳ ᠦ᠋ᠳ ᠦ᠋ᠨ ᠬᠠᠮᠲᠤ ᠭᠠᠷᠴᠠᠢ᠃ ᠲᠡᠭᠦᠨ ᠦ᠌ ᠬᠥᠪᠡᠭᠦᠳ ᠪᠦᠭᠦᠳᠡ ᠢᠷᠡᠭᠰᠡᠨ ᠬᠠᠷᠠᠭᠳᠠᠨ᠎ᠠ᠃ ᠲᠡᠳᠡᠨ ᠦ᠌ ᠪᠠᠢᠷᠢ ᠪᠠᠢᠳᠠᠯ ᠢ᠋ ᠬᠠᠷᠠᠪᠠᠯ ᠡᠨᠡ ᠶᠣᠰᠣᠯᠠᠯ ᠳ᠋ᠤ᠌ ᠶᠡᠬᠡᠳᠡ ᠪᠡᠯᠡᠳᠦᠭᠰᠡᠨ ᠪᠣᠯᠤᠯᠲᠠᠢ᠃ ᠨᠢᠭᠡᠨ ᠢᠵᠢᠯᠢ ᠥᠩᠭᠡ ᠶ᠋ᠢᠨ ᠳᠡᠪᠡᠯ ᠬᠤᠪᠴᠠᠰᠤ ᠡᠮᠦᠰᠦᠭᠰᠡᠨ᠂ ᠡᠷᠳᠡᠨᠢ ᠶ᠋ᠢᠨ ᠵᠦᠢᠯ ᠢ᠋ᠶ᠋ᠡᠷ ᠭᠣᠶᠣᠯᠠᠵᠠᠢ᠃ ᠲᠡᠳᠡᠨ ᠦ᠌ ᠬᠡᠭᠡᠨᠴᠢᠷ ᠡᠷᠬᠢᠮᠰᠦᠭ ᠬᠤᠪᠴᠠᠰᠤ ᠡᠳ᠋ᠯᠡᠯ ᠢ᠋ ᠬᠠᠷᠠᠭᠠᠳ ᠴᠤᠭᠯᠠᠭᠰᠠᠨ ᠬᠠᠲᠤᠳ ᠤ᠋ᠨ ᠳᠤᠮᠳᠠ ᠡᠴᠡ ᠨᠢᠭᠡᠨ᠂
   — ᠡᠨᠡ ᠬᠠᠲᠤᠨ ᠤᠭ ᠨᠢ ᠭᠤᠶᠤᠵᠤ ᠴᠠᠮᠢᠷᠬᠠᠬᠤ ᠶ᠋ᠢ ᠢᠯᠡᠭᠦᠦ ᠳ᠋ᠦ᠍ ᠦᠵᠡᠳᠡᠭ ᠬᠥᠮᠦᠨ ᠪᠢᠰᠢ ᠰᠠᠨ᠂ ᠬᠤᠷᠠᠯᠳᠠᠢ ᠳ᠋ᠤ᠌ ᠢᠩᠭᠢᠲᠡᠯ᠎ᠡ ᠪᠡᠯᠡᠳᠴᠦ ᠢᠷᠡᠭᠰᠡᠨ ᠨᠢ ᠬᠠᠴᠢᠷᠬᠠᠯᠲᠠᠢ ᠬᠡᠮᠡᠬᠦ ᠳ᠋ᠦ᠍᠂
   — ᠭᠦᠶᠦᠭ ᠦ᠋ᠨ ᠬᠠᠲᠤᠨ ᠪᠣᠯᠬᠤ ᠭᠡᠵᠦ ᠪᠠᠢᠭᠰᠠᠨ ᠬᠥᠮᠦᠨ ᠰᠢᠦ ᠳᠡ᠂ ᠥᠪᠡᠷ ᠦ᠋ᠨ ᠨᠠᠰᠤ ᠰᠡᠭᠦᠳᠡᠷ ᠶᠠᠪᠤᠵᠤ ᠪᠠᠢᠭ᠎ᠠ ᠶ᠋ᠢ ᠮᠡᠳᠡᠭᠳᠡᠭᠦᠯᠬᠦ ᠦᠭᠡᠢ ᠭᠡᠰᠡᠨ ᠳ᠋ᠡᠭᠡᠨ ᠢᠩᠭᠢᠲᠡᠯ᠎ᠡ ᠪᠡᠯᠡᠳᠦᠭᠰᠡᠨ ᠬᠡᠷᠡᠭ ᠭᠡᠵᠦ ᠠᠲᠠᠭᠠᠷᠬᠠᠩᠭᠤᠢ ᠥᠭᠦᠯᠡᠬᠦ ᠳ᠋ᠦ᠍᠂
   — ᠤᠷᠢᠳᠤ ᠨᠢ ᠲᠡᠭᠦᠨ ᠳ᠋ᠦ᠍ ᠭᠣᠶᠣ ᠰᠠᠢᠬᠠᠨ ᠬᠤᠪᠴᠠᠰᠤ ᠡᠮᠦᠰᠴᠦ᠂ ᠦᠨᠡᠲᠡᠢ ᠡᠷᠳᠡᠨᠢ ᠡᠳ᠋ᠯᠡᠨ ᠶᠠᠪᠤᠬᠤ ᠨᠢ ᠬᠠᠲᠤᠨ ᠬᠥᠮᠦᠨ ᠦ᠌ ᠵᠢᠷᠭᠠᠯ ᠪᠤᠰᠤ ᠤᠤ ᠭᠡᠵᠦ ᠬᠡᠯᠡᠭᠡᠳ ᠠᠮᠠ ᠤᠷᠤᠭᠤ ᠪᠠᠨ ᠠᠯᠠᠭᠠᠳᠠᠭᠤᠯᠵᠤ ᠪᠠᠢᠭᠰᠠᠨ ᠬᠥᠮᠦᠨ ᠪᠣᠢ᠃ ᠴᠠᠭᠠᠲᠠᠢ ᠶ᠋ᠢᠨ ᠬᠠᠲᠤᠨ ᠭᠤᠲᠤᠭᠠᠷ ᠶ᠋ᠢ ᠰᠠᠨᠠᠵᠤ ᠪᠠᠢᠨ᠎ᠠ  ᠤᠤ ᠭᠡᠯ᠎ᠡ᠃
   — ᠨᠡᠭᠡᠷᠡᠨ ᠲᠡᠢᠮᠦ᠃ ᠬᠠᠲᠤᠨ ᠬᠠᠷᠢᠭᠤ ᠳ᠋ᠤᠨᠢ ᠡᠮᠦᠰᠴᠦ ᠢᠳᠡᠬᠦ ᠨᠢᠭᠡᠨ ᠦᠶ᠎ᠡ ᠶ᠋ᠢᠨ ᠲᠣᠬᠢᠶᠠᠯ ᠴᠤ ᠠᠮᠢᠳᠤᠷᠠᠵᠤ ᠴᠢᠳᠠᠬᠤ ᠭᠡᠳᠡᠭ ᠨᠢᠭᠡᠨ ᠨᠠᠰᠤᠨ ᠤ᠋ ᠬᠡᠷᠡᠭ ᠪᠤᠰᠤ ᠤᠤ ᠭᠡᠮᠡᠨ ᠬᠡᠯᠡᠵᠦ᠂ ᠴᠠᠭᠠᠰᠢ ᠬᠡᠯᠡᠬᠦ ᠦᠭᠡ ᠦᠭᠡᠢ ᠪᠣᠯᠭᠠᠵᠤ ᠪᠠᠢᠭᠰᠠᠨ ᠢ᠋ ᠠᠯᠲᠠᠨ ᠤᠷᠤᠭ ᠤ᠋ᠨ ᠬᠠᠲᠤᠳ ᠣᠳᠣ ᠴᠤ ᠵᠢᠭ ᠵᠣᠭ ᠶᠠᠷᠢᠯᠴᠠᠳᠠᠭ ᠢ᠋ ᠮᠠᠷᠲᠠᠭ᠎ᠠ ᠦᠭᠡᠢ ᠯᠡ ᠪᠠᠢᠯᠲᠠᠢ ᠬᠡᠮᠡᠨ᠎ᠡ᠃ 
  ᠰᠤᠷᠬᠠᠭᠲᠠᠨᠢ ᠦᠨᠡᠨ ᠳ᠋ᠡᠭᠡᠨ ᠣᠷᠳᠣᠨ ᠤ᠋ ᠶᠡᠬᠡᠰ ᠳᠡᠭᠡᠳᠦᠰ ᠦ᠋ᠨ ᠪᠠᠶᠠᠨ ᠲᠠᠩᠰᠤᠭ᠂ ᠬᠡᠳᠦ ᠦᠷᠡᠯᠭᠡᠨ ᠪᠠᠢᠳᠠᠯ ᠳ᠋ᠤ᠌ ᠰᠢᠭᠦᠮᠵᠢᠯᠡᠯ ᠲᠡᠢ ᠬᠠᠨᠳᠤᠵᠤ ᠢᠷᠡᠵᠡᠢ᠃ ᠭᠡᠪᠡᠴᠦ ᠭᠦᠶᠦᠭ ᠢ᠋ ᠬᠠᠭᠠᠨ ᠡᠷᠭᠦᠮᠵᠢᠯᠡᠬᠦ ᠶᠡᠬᠡ ᠬᠤᠷᠠᠯᠳᠠᠢ ᠳ᠋ᠤ᠌ ᠢᠩᠭᠢᠵᠦ ᠭᠤᠶᠤᠵᠤ ᠢᠷᠡᠭᠰᠡᠨ ᠨᠢ ᠦᠨᠡᠬᠡᠷ ᠠᠯᠲᠠᠨ ᠤᠷᠤᠭ ᠤ᠋ᠨ ᠬᠢᠨ ᠦ᠌ ᠳᠤᠮᠳᠠ ᠣᠯᠠᠨ ᠬᠥᠮᠦᠨ ᠦ᠌ ᠭᠠᠢᠬᠠᠯ ᠢ᠋ ᠲᠥᠷᠥᠭᠦᠯᠦᠯ᠎ᠡ᠃
   ᠲᠩᠷᠢ ᠭᠠᠵᠠᠷ ᠢ᠋ ᠬᠣᠯᠪᠣᠭᠰᠠᠨ ᠶᠡᠬᠡ ᠠᠶᠤᠩᠭ᠎ᠠ ᠴᠠᠬᠢᠯᠭᠠᠨ ᠪᠠᠭᠤᠭᠰᠠᠨ ᠲᠤᠯᠠ ᠮᠥᠩᠬᠡ ᠲᠩᠷᠢ ᠶ᠋ᠢᠨ ᠬᠢᠯᠢᠩ ᠢ᠋ ᠳᠠᠷᠤᠬᠤ ᠪᠠᠷ ᠬᠤᠷᠠᠯᠲᠠᠢ ᠶ᠋ᠢ ᠲᠡᠷᠡ ᠡᠳᠦᠷ ᠲᠡᠭᠡᠨ ᠬᠤᠷᠠᠯᠳᠤᠭᠤᠯᠤᠭᠰᠠᠨ ᠦᠭᠡᠢ ᠬᠣᠢᠰᠢᠯᠠᠭᠤᠯᠪᠠ᠃ ᠬᠠᠷᠢᠨ ᠮᠠᠷᠭᠠᠰᠢ ᠡᠳᠦᠷ ᠨᠢ ᠶᠡᠬᠡ ᠬᠤᠷᠠᠯᠲᠠᠢ ᠴᠢᠭᠤᠯᠵᠤ ᠳᠦᠷᠭᠡᠨ᠎ᠡ ᠬᠠᠲᠤᠨ ᠬᠤᠷᠠᠯᠲᠠᠢ ᠶ᠋ᠢ ᠤᠳᠤᠷᠢᠳᠤᠨ ᠶᠠᠪᠤᠭᠤᠯᠤᠯ᠎ᠠ᠃ ᠳᠥᠴᠢᠨ ᠵᠢᠯ ᠦ᠋ᠨ ᠡᠮᠦᠨ᠎ᠡ ᠶᠡᠬᠡ ᠡᠵᠡᠨ ᠴᠢᠩᠭᠢᠰ ᠬᠠᠭᠠᠨ ᠤ᠋ ᠲᠥᠷᠥᠭᠰᠡᠨ ᠨᠤᠲᠤᠭ ᠲᠤ᠌ ᠴᠢᠭᠤᠯᠤᠭᠰᠠᠨ ᠠᠩᠬᠠᠨ ᠤ᠋ ᠶᠡᠬᠡ ᠬᠤᠷᠠᠯᠲᠠᠢ ᠡᠴᠡ ᠬᠣᠢᠰᠢ ᠣᠯᠠᠨ ᠵᠦᠢᠯ ᠥᠭᠡᠷᠡᠴᠢᠯᠡᠭᠳᠡᠵᠡᠢ᠃ ᠬᠤᠷᠠᠯᠲᠠᠢ ᠳ᠋ᠤ᠌ ᠢᠷᠡᠭᠰᠡᠨ ᠯᠡ ᠪᠣᠯ ᠬᠠᠭᠠᠨ ᠢ᠋ ᠵᠥᠪᠰᠢᠶᠡᠷᠡᠵᠦ ᠪᠣᠢ ᠪᠠᠨ ᠢᠯᠡᠷᠬᠡᠢᠯᠡᠳᠡᠭ ᠲᠠᠯ᠎ᠠ ᠨᠤᠲᠤᠭ ᠤ᠋ᠨ ᠵᠠᠩᠰᠢᠯ ᠶᠣᠰᠣ ᠪᠠᠷ ᠲᠡᠳᠡ ᠭᠦᠶᠦᠭ ᠢ᠋ ᠬᠠᠭᠠᠨ ᠡᠵᠡᠨ ᠦ᠌ ᠰᠡᠨᠳᠡᠢ ᠳ᠋ᠦ᠍ᠨᠢ ᠵᠠᠯᠠᠯ᠎ᠠ᠃
   ᠶᠡᠬᠡ ᠮᠣᠩᠭᠣᠯ ᠤᠯᠤᠰ ᠤ᠋ᠨ ᠭᠤᠷᠪᠠᠳᠠᠬᠢ ᠳᠠᠯᠠᠢ ᠶᠡᠬᠡ ᠬᠠᠭᠠᠨ ᠬᠥᠶᠦᠭ ᠠᠯᠲᠠᠨ ᠰᠡᠨᠳᠡᠢ ᠳ᠋ᠡᠭᠡᠨ ᠵᠠᠯᠠᠷᠠᠭᠰᠠᠨ ᠳᠣᠣᠷ᠎ᠠ ᠪᠠᠨ ᠮᠥᠩᠬᠡ ᠲᠩᠷᠢ ᠶ᠋ᠢᠨ ᠵᠦᠭ ᠬᠠᠷᠠᠪᠠᠯ ᠮᠠᠨᠳᠤᠵᠤ ᠪᠣᠢ ᠨᠠᠷᠠᠨ ᠤ᠋ ᠰᠢᠵᠢᠷᠬᠡᠨ ᠲᠤᠶᠠᠭ᠎ᠠ ᠭᠡᠷᠡᠯ ᠢ᠋ᠶ᠋ᠡᠨ ᠰᠠᠴᠤᠷᠠᠭᠤᠯᠤᠨ ᠪᠠᠶᠠᠰᠬᠤᠯᠠᠩ ᠲᠠᠢ ᠪᠠᠷ ᠭᠠᠵᠠᠷ ᠳᠡᠯᠡᠬᠡᠢ ᠶ᠋ᠢ ᠡᠭᠡᠭᠡᠨ᠎ᠡ᠃ ᠭᠦᠶᠦᠭ ᠬᠠᠭᠠᠨ ᠮᠠᠨᠳᠤᠨ ᠪᠣᠢ ᠨᠠᠷᠠ ᠶ᠋ᠢ ᠬᠠᠷᠠᠭᠠᠳ ᠨᠢᠭᠡᠨ ᠶᠠᠪᠤᠳᠠᠯ ᠰᠠᠨᠠᠭᠠᠨ ᠳ᠋ᠤᠨᠢ ᠪᠠᠭᠤᠯ᠎ᠠ᠃
   ᠪᠠᠷᠠᠭᠤᠨ ᠵᠦᠭ ᠲᠦ᠍ ᠬᠢᠭᠰᠡᠨ ᠬᠠᠨ ᠬᠥᠪᠡᠭᠦᠳ ᠦ᠋ᠨ ᠠᠶᠠᠨ ᠲᠡᠢᠨ ᠢ᠋ᠶ᠋ᠡᠷ ᠪᠠᠲᠤ ᠲᠠᠢ ᠮᠠᠭᠤᠳᠠᠯᠴᠠᠨ ᠲᠠᠯ᠎ᠠ ᠨᠤᠲᠤᠭ ᠢ᠋ ᠮᠣᠷᠢᠨ ᠳᠡᠯ ᠳᠡᠭᠡᠷ᠎ᠡ ᠳᠠᠪᠬᠢᠨ ᠲᠤᠭᠤᠯᠵᠤ ᠢᠷᠡᠭᠰᠡᠨ ᠳᠠᠷᠤᠢ ᠳ᠋ᠠᠭᠠᠨ ᠥᠭᠡᠳᠡᠢ ᠬᠠᠭᠠᠨ ᠡᠴᠢᠭᠡ ᠡᠴᠡ ᠪᠡᠨ ᠵᠢᠮᠡᠯᠡᠯ ᠬᠦᠷᠲᠡᠭᠡᠳ ᠤᠷᠲᠤ ᠥᠷᠭᠥᠭᠡ ᠪᠡᠨ ᠣᠷᠬᠢᠨ ᠭᠠᠷᠤᠭᠰᠠᠨ ᠲᠡᠷᠡ ᠡᠳᠦᠷ ᠦ᠋ᠨ ᠨᠠᠷᠠ ᠲᠣᠳᠣᠬᠠᠨ ᠰᠠᠨᠠᠭᠳᠠᠨ᠎ᠠ᠃
   ᠲᠡᠷᠡ ᠡᠳᠦᠷ ᠬᠠᠭᠠᠨ ᠤ᠋ ᠦᠷᠭᠦᠭᠡᠨ ᠡᠴᠡ ᠪᠤᠷᠬᠢ ᠶ᠋ᠢᠨ ᠬᠠᠮᠲᠤ ᠭᠠᠷᠴᠤ ᠢᠷᠡᠬᠦ ᠳ᠋ᠦ᠍ ᠨᠠᠷᠠ ᠪᠠᠷᠠᠭᠤᠨ ᠠᠭᠤᠯᠠᠰ ᠤ᠋ᠨ ᠰᠤᠭᠤ ᠪᠠᠷ ᠵᠢᠷᠭᠠᠨ ᠪᠠᠢᠵᠤ ᠪᠢᠯᠡ᠃ ᠪᠤᠷᠬᠢ
   《ᠴᠢᠨᠦ ᠨᠠᠷᠠ ᠵᠢᠷᠭᠠᠵᠤ ᠪᠠᠢᠨ᠎ᠠ ᠳᠠ》 ᠭᠡᠵᠦ ᠶᠥᠭᠡᠲᠡᠢᠬᠡᠨ ᠬᠡᠯᠡᠬᠦ ᠳ᠋ᠦ᠍《ᠮᠠᠷᠭᠠᠰᠢ ᠨᠠᠷᠠ ᠮᠠᠨᠳᠤᠨ᠎ᠠ᠂ ᠮᠢᠨᠦ ᠨᠠᠷᠠ ᠮᠠᠨᠳᠤᠬᠤ ᠪᠣᠯᠤᠨ᠎ᠠ᠂ ᠬᠠᠷᠠᠭᠠᠷᠠᠢ》 ᠭᠡᠵᠦ ᠬᠡᠯᠡᠭᠡᠳ ᠠᠷᠤ ᠡᠴᠡ ᠨᠢ ᠬᠠᠷᠠᠵᠤ ᠵᠣᠭᠰᠣᠭᠰᠠᠨ ᠰᠠᠨ᠃ ᠲᠡᠷᠡ ᠪᠡᠷ ᠡᠨᠡ ᠤᠳᠠᠭ᠎ᠠ ᠳ᠋ᠤ᠌《ᠮᠢᠨᠦ ᠨᠠᠷᠠ ᠮᠠᠨᠳᠤᠯ᠎ᠠ》 ᠭᠡᠮᠡᠨ ᠥᠪᠡᠷ ᠦ᠋ᠨ ᠡᠷᠬᠡ ᠦᠭᠡᠢ ᠠᠮᠠᠨ ᠳᠣᠲᠣᠷ᠎ᠠ ᠪᠠᠨ ᠬᠡᠯᠡᠯ᠎ᠡ᠃
   *
   ᠲᠠᠯ᠎ᠠ ᠨᠤᠲᠤᠭ ᠤ᠋ᠨ ᠵᠠᠩᠰᠢᠯ ᠪᠣᠯᠤᠨ ᠦᠯᠡᠳᠡᠭᠰᠡᠨ ᠬᠠᠭᠠᠨ ᠡᠵᠡᠨ ᠡᠷᠭᠦᠮᠵᠢᠯᠡᠬᠦ ᠶᠣᠰᠣᠯᠠᠯ ᠬᠡᠳᠦᠨ ᠡᠳᠦᠷ ᠦ᠋ᠨ ᠲᠤᠷᠰᠢ ᠦᠷᠭᠦᠯᠵᠢᠯᠡᠵᠦ᠂ᠳᠠᠯᠠᠢ ᠶᠡᠬᠡ ᠬᠠᠭᠠᠨ ᠬᠥᠶᠦᠭ ᠢ᠋ ᠬᠠᠭᠠᠨ ᠰᠢᠷᠡᠭᠡᠨ ᠳ᠋ᠦ᠍ᠨᠢ ᠵᠠᠯᠠᠭᠠᠳ᠂ ᠡᠨᠡ ᠶᠣᠰᠣᠯᠠᠯ ᠳ᠋ᠤ᠌ ᠢᠷᠡᠭᠰᠡᠨ ᠬᠥᠮᠦᠰ ᠡᠳᠦᠷ ᠪᠦᠷᠢ ᠨᠢᠭᠡᠨ ᠢᠵᠢᠯ ᠥᠩᠭᠡ ᠶ᠋ᠢᠨ ᠳᠡᠪᠡᠯ ᠬᠤᠪᠴᠠᠰᠤ ᠡᠮᠦᠰᠦᠨ᠂ ᠬᠣᠪᠣᠷ ᠴᠠᠮᠢᠨ ᠡᠳ᠋ ᠡᠷᠳᠡᠨᠢᠰ ᠢ᠋ᠶ᠋ᠡᠷ ᠪᠡᠶ᠎ᠡ ᠪᠡᠨ ᠴᠢᠮᠡᠭᠯᠡᠨ ᠶᠠᠪᠤᠬᠤ ᠶ᠋ᠢ ᠬᠠᠷᠠᠪᠠᠯ ᠡᠵᠡᠨᠲᠦ ᠭᠦᠷᠦᠨ ᠦ᠌ ᠡᠳ᠋ ᠪᠠᠶᠠᠯᠢᠭ ᠳᠠᠭᠤᠰᠴᠤ ᠳᠤᠨᠳᠠᠷᠠᠰᠢ ᠦᠭᠡᠢ ᠶᠡᠬᠡ ᠳᠠᠯᠠᠢ ᠶᠤᠮ ᠭᠡᠳᠡᠭ ᠢ᠋ ᠭᠠᠵᠠᠷ ᠭᠠᠵᠠᠷ ᠡᠴᠡ ᠢᠷᠡᠭᠰᠡᠨ ᠬᠣᠯᠠ ᠣᠢᠷ᠎ᠠ ᠶ᠋ᠢᠨ ᠬᠥᠮᠦᠰ ᠲᠦ᠍ ᠬᠠᠷᠠᠭᠤᠯᠬᠤ ᠮᠡᠲᠦ᠃
   ᠡᠨᠡ ᠶᠣᠰᠣᠯᠠᠯ ᠤ᠋ᠨ ᠦᠶ᠎ᠡ ᠪᠡᠷ ᠰᠤᠷᠬᠠᠭᠲᠠᠨᠢ ᠬᠠᠲᠤᠨ ᠬᠡᠦᠬᠡᠳ ᠦ᠋ᠳ ᠦ᠋ᠨ ᠬᠠᠮᠲᠤ ᠬᠥᠶᠦᠭ ᠬᠠᠭᠠᠨ ᠤ᠋ ᠦᠷᠭᠦᠭᠡᠨ ᠳ᠋ᠦ᠍ ᠪᠠᠷᠠᠯᠬᠠᠨ ᠠᠯᠲᠠᠨ ᠤᠷᠤᠭ ᠤ᠋ᠨ ᠬᠢᠨ ᠦ᠌ ᠬᠠᠮᠲᠤ ᠬᠦᠨᠳᠦᠳᠬᠡᠯ ᠢᠯᠡᠷᠬᠡᠢᠯᠡᠬᠦ ᠳ᠋ᠦ᠍ ᠭᠦᠶᠦᠭ ᠬᠠᠭᠠᠨ ᠲᠡᠳᠡᠨ ᠢ᠋ ᠬᠠᠷᠠᠭᠠᠳ᠂ ᠬᠠᠷᠠᠴᠠᠨ ᠳ᠋ᠤᠨᠢ ᠮᠢᠰᠢᠶᠡᠯ ᠲᠣᠳᠣᠷᠠᠵᠤ᠂
     — ᠠᠯᠲᠠᠨ ᠤᠷᠤᠭ ᠤ᠋ᠨ ᠬᠢᠨ᠂ ᠬᠠᠭᠠᠨ ᠤ᠋ ᠦᠷ᠎ᠡ ᠬᠡᠦᠬᠡᠳ ᠬᠡᠨ ᠴᠦ᠍ ᠪᠠᠢᠯ᠎ᠠ ᠭᠡᠰᠡᠨ ᠮᠢᠨᠦ ᠡᠴᠢᠭᠡ ᠥᠭᠡᠳᠡᠢ ᠬᠠᠭᠠᠨ ᠤ᠋ ᠬᠠᠢᠷᠠᠲᠠᠢ ᠳᠡᠭᠦᠦ ᠲᠤᠯᠤᠢ ᠶ᠋ᠢᠨ ᠡᠬᠡᠨᠡᠷ ᠰᠤᠷᠬᠠᠭᠲᠠᠨᠢ ᠬᠠᠲᠤᠨ᠂ ᠲᠡᠭᠦᠨ ᠦ᠌ ᠦᠷ᠎ᠡ ᠬᠡᠦᠬᠡᠳ ᠦ᠋ᠳ ᠰᠢᠭ ᠪᠠᠢᠬᠤ ᠠᠪᠠᠰᠤ ᠪᠤᠰᠤᠳ ᠲᠤ ᠦᠯᠢᠭᠡᠷ ᠵᠢᠱ᠌ᠢᠶ᠎ᠡ ᠪᠣᠯᠬᠤ ᠤᠴᠢᠷ ᠲᠠᠢ ᠭᠡᠵᠦ ᠬᠡᠯᠡᠯ᠎ᠡ᠃ 
    ᠰᠤᠷᠬᠠᠭᠲᠠᠨᠢ ᠶ᠋ᠢ ᠠᠭᠤᠷᠠᠭ ᠲᠤ ᠪᠠᠢᠬᠤ ᠳ᠋ᠤ᠌ ᠶᠡᠬᠡ ᠬᠤᠷᠠᠯᠳᠠᠢ ᠶ᠋ᠢᠨ ᠵᠠᠷ ᠢᠷᠡᠵᠦ᠂ ᠬᠦᠦ ᠠᠷᠢᠭᠪᠥ᠋ᠬᠡ ᠨᠢ ᠡᠨᠡ ᠮᠡᠳᠡᠭᠡ ᠶ᠋ᠢ ᠡᠬᠡ ᠡᠴᠡ ᠪᠡᠨ ᠰᠣᠨᠣᠰᠤᠭᠠᠳ᠂
   — ᠡᠵᠢ ᠮᠢᠨᠢ᠃ᠥᠭᠡᠳᠡᠢ ᠬᠠᠭᠠᠨ ᠠᠮᠢᠳᠤ ᠰᠡᠷᠡᠭᠦᠨ ᠠᠬᠤᠢ ᠳ᠋ᠠᠭᠠᠨ ᠳᠠᠷᠠᠭ᠎ᠠ ᠶ᠋ᠢᠨ ᠬᠠᠭᠠᠨ ᠣᠷᠣ ᠶ᠋ᠢ ᠮᠥᠩᠬᠡ ᠠᠬ᠎ᠠ ᠳ᠋ᠤ᠌ ᠰᠢᠯᠵᠢᠭᠦᠯᠦᠨ ᠥᠭᠭᠦᠨ᠎ᠡ ᠭᠡᠵᠦ ᠬᠡᠯᠡᠵᠦ ᠪᠠᠢᠭᠰᠠᠨ ᠨᠢ ᠣᠳᠣ ᠲᠠᠯᠠᠭᠠᠷ ᠪᠣᠯᠵᠤ ᠪᠣᠢ ᠬᠡᠷᠡᠭ ᠤᠤ ᠭᠡᠵᠦ ᠠᠰᠠᠭᠤᠬᠤ ᠳ᠋ᠤ᠌᠂ ᠰᠤᠷᠬᠠᠭᠲᠠᠨᠢ ᠬᠠᠲᠤᠨ᠂
   — ᠮᠥᠩᠬᠡ ᠲᠡᠭᠷᠢ ᠶ᠋ᠢᠨ ᠴᠠᠭ ᠢᠷᠡᠭᠡ ᠦᠭᠡᠢ ᠭᠡᠵᠦ ᠪᠢ ᠨᠢᠭᠡᠨᠲᠡ ᠬᠡᠯᠡᠵᠦ ᠪᠠᠢᠭᠰᠠᠨ ᠭᠡᠮᠡᠨ ᠣᠭᠲᠣ ᠰᠡᠳᠬᠢᠯ ᠬᠥᠳᠡᠯᠦᠯ ᠦᠭᠡᠢ ᠬᠡᠯᠡᠵᠡᠢ᠃
   ᠮᠥᠩᠬᠡ ᠲᠡᠭᠷᠢ ᠶ᠋ᠢᠨ ᠴᠠᠭ ᠢᠷᠡᠭᠡ ᠦᠭᠡᠢ ᠭᠡᠵᠦ ᠬᠣᠶᠠᠳᠠᠬᠢ ᠤᠳᠠᠭ᠎ᠠ ᠪᠠᠨ ᠬᠡᠯᠡᠵᠦ ᠪᠣᠢ ᠬᠠᠲᠤᠨ ᠡᠬᠡ ᠶ᠋ᠢᠨ ᠢ᠋ᠶ᠋ᠡᠨ ᠦᠭᠡ ᠶ᠋ᠢ ᠭᠠᠢᠬᠠᠭᠠᠳ ᠣᠯᠬᠤ ᠦᠭᠡᠢ ᠪᠠᠢᠭ᠎ᠠ ᠬᠦᠦ ᠪᠡᠨ ᠬᠠᠷᠠᠨ ᠰᠠᠭᠤᠭᠰᠠᠨ ᠰᠤᠷᠬᠠᠭᠲᠠᠨᠢ ᠬᠠᠲᠤᠨ᠄
   — ᠨᠢᠭᠡᠨᠲᠡ ᠬᠤᠷᠠᠯᠲᠠᠢ ᠶ᠋ᠢᠨ ᠵᠠᠷ ᠲᠠᠷᠬᠠᠵᠤ ᠣᠯᠠᠨ ᠲᠦᠮᠡᠨ ᠬᠠᠭᠠᠨ ᠡᠵᠡᠨ ᠢ᠋ ᠵᠥᠪᠰᠢᠶᠡᠷᠡᠨ ᠬᠦᠯᠢᠶᠡᠵᠦ ᠠᠪᠴᠤ ᠪᠠᠢᠬᠤ ᠳ᠋ᠤ᠌ ᠪᠢᠳᠡ ᠥᠭᠡᠳᠡᠢ ᠬᠠᠭᠠᠨ ᠤ᠋ ᠦᠭᠡ ᠶ᠋ᠢ ᠰᠠᠨᠠᠨ ᠭᠠᠰᠢᠭᠤᠳᠠᠵᠤ᠂ ᠡᠰᠡᠷᠭᠦᠴᠡᠨ ᠰᠠᠭᠤᠬᠤ ᠨᠢ ᠠᠯᠲᠠᠨ ᠤᠷᠤᠭ ᠤ᠋ᠨ ᠬᠢᠨ ᠦ᠌ ᠳᠤᠮᠳᠠ ᠬᠣᠵᠢᠮ ᠤ᠋ᠨ ᠬᠠᠭᠠᠷᠠᠯ ᠤ᠋ᠨ ᠦᠨᠳᠦᠰᠦ ᠶ᠋ᠢ ᠲᠠᠯᠪᠢᠭᠠᠳ ᠵᠣᠭᠰᠣᠬᠤ ᠦᠭᠡᠢ᠂ ᠲᠠ ᠨᠠᠷ ᠤ᠋ᠨ ᠠᠮᠢ ᠨᠠᠰᠤᠨ ᠳ᠋ᠤ᠌ ᠠᠶᠤᠯ ᠤᠴᠠᠷᠠᠵᠤ ᠪᠣᠯᠬᠤ ᠲᠤᠯᠠ ᠦᠨᠡᠨ ᠳ᠋ᠡᠭᠡᠨ ᠮᠥᠩᠬᠡ ᠲᠡᠭᠷᠢ ᠶ᠋ᠢᠨ ᠴᠠᠭ ᠢ᠋ ᠬᠦᠯᠢᠶᠡᠬᠦ ᠨᠢ ᠵᠥᠪ᠃ ᠬᠠᠷᠢᠨ ᠬᠠᠭᠠᠨ ᠡᠵᠡᠨ ᠳ᠋ᠦ᠍ ᠬᠦᠨᠳᠦᠳᠬᠡᠯ ᠦᠵᠡᠭᠦᠯᠦᠨ᠂ ᠬᠠᠮᠤᠭ ᠤ᠋ᠨ ᠰᠠᠢᠬᠠᠨ ᠬᠤᠪᠴᠠᠰᠤ ᠡᠳ᠋ᠯᠡᠯ ᠢ᠋ᠶ᠋ᠡᠷ ᠢ᠋ᠶ᠋ᠡᠨ ᠭᠤᠶᠤᠵᠤ ᠣᠴᠢᠬᠤ ᠠᠪᠠᠰᠤ ᠣᠯᠠᠨ ᠤ᠋ ᠰᠡᠳᠬᠢᠯ ᠢ᠋ ᠡᠷᠭᠢᠭᠦᠯᠦᠨ ᠲᠠᠲᠠᠵᠤ ᠪᠠᠢᠬᠤ ᠪᠣᠯᠤᠨ᠎ᠠ ᠭᠡᠵᠦ ᠬᠡᠯᠡᠭᠰᠡᠨ  ᠶᠤᠮ᠃
   ᠡᠬᠡ ᠶ᠋ᠢᠨ ᠬᠢᠨᠢ ᠬᠡᠯᠡᠭᠰᠡᠨ ᠦᠨᠡᠨ ᠪᠣᠯᠵᠤ᠂ ᠬᠤᠷᠠᠯᠲᠠᠢ ᠳ᠋ᠤ᠌ ᠴᠤᠭᠯᠠᠭᠰᠠᠨ ᠬᠥᠮᠦᠰ ᠦ᠋ᠨ ᠳᠤᠮᠳᠠ ᠡᠴᠡ ᠬᠥᠶᠦᠭ ᠬᠠᠭᠠᠨ ᠰᠤᠷᠬᠠᠭᠲᠠᠨᠢ ᠬᠠᠲᠤᠨ ᠢ᠋ ᠬᠡᠦᠬᠡᠳ ᠦ᠋ᠨ ᠬᠢᠨᠢ ᠬᠠᠮᠲᠤ ᠣᠯᠠᠨ ᠤ᠋ ᠨᠢᠳᠦᠨ ᠳᠡᠭᠡᠷ᠎ᠡ ᠶᠡᠬᠡᠳᠡ ᠮᠠᠭᠲᠠᠨ ᠪᠠᠢᠭ᠎ᠠ ᠶ᠋ᠢ ᠬᠠᠷᠠᠭᠠᠳ ᠠᠷᠢᠬᠪᠥ᠋ᠬᠡ ᠡᠬᠡ ᠶ᠋ᠢᠨ ᠬᠢᠨᠢ ᠵᠥᠪ ᠪᠠᠢᠭᠰᠠᠨ ᠢ᠋ ᠣᠢᠯᠠᠭᠠᠯ᠎ᠠ᠃ ᠬᠥᠶᠦᠭ ᠬᠠᠭᠠᠨ ᠄
   — ᠬᠤᠷᠠᠯᠳᠠᠢ ᠳ᠋ᠤ᠌ ᠢᠷᠡᠭᠰᠡᠨ ᠡᠷᠬᠢᠮ ᠵᠣᠴᠢᠳ ᠲᠤ᠌ ᠬᠦᠨᠳᠦᠳᠬᠡᠯ ᠦᠵᠡᠭᠦᠯᠦᠨ ᠬᠠᠭᠠᠨ ᠤ᠋ ᠬᠡᠰᠢᠭ ᠲᠠᠷᠬᠠᠭᠠᠬᠤ ᠠᠵᠢᠯ ᠢ᠋ ᠰᠤᠷᠬᠠᠭᠲᠠᠨᠢ ᠬᠠᠲᠤᠨ ᠬᠠᠷᠢᠭᠤᠴᠠᠨ ᠶᠠᠪᠤᠭᠤᠯᠤᠨ᠎ᠠ ‍ᠤᠤ ᠭᠡᠵᠦ ᠬᠡᠯᠡᠯ᠎ᠡ᠃ ᠡᠨᠡ ᠪᠣᠯ ᠭᠦᠶᠦᠭ ᠦ᠋ᠨ ᠰᠤᠷᠬᠠᠭᠲᠠᠨᠢ ᠶ᠋ᠢ ᠬᠦᠨᠳᠦᠯᠡᠬᠦ ᠬᠦᠨᠳᠦᠯᠡᠯ᠂ ᠰᠡᠳᠬᠢᠯ ᠬᠥᠳᠡᠯᠦᠯ ᠦ᠋ᠨ ᠢᠯᠡᠷᠬᠡᠢᠯᠡᠯ ᠪᠣᠯᠬᠤ ᠶ᠋ᠢ ᠡᠨᠳᠡ᠂ ᠴᠤᠭᠯᠠᠭᠰᠠᠨ ᠣᠯᠠᠨ ᠮᠡᠳᠡᠵᠦ ᠪᠠᠢᠪᠠ᠃
   ᠬᠠᠷᠢᠨ ᠬᠤᠷᠠᠯᠳᠠᠢ ᠥᠨᠳᠥᠷᠯᠡᠭᠰᠡᠨ ᠦ᠌ ᠳᠠᠷᠠᠭ᠎ᠠ ᠳᠦᠷᠭᠡᠨ᠎ᠡ ᠬᠠᠲᠤᠨ ᠭᠠᠳᠠᠨ᠎ᠠ ᠳᠣᠲᠣᠨ᠎ᠠ ᠡᠴᠡ ᠢᠷᠡᠭᠰᠡᠨ ᠡᠯᠴᠢ ᠲᠥᠯᠥᠭᠡᠯᠡᠭᠴᠢᠳ ᠢ᠋ ᠬᠦᠯᠢᠶᠡᠨ ᠠᠪᠴᠤ ᠠᠭᠤᠯᠵᠠᠭᠰᠠᠨ ᠤ᠋ ᠳᠠᠷᠠᠭᠠᠬᠠᠨ  ᠰᠤᠷᠬᠠᠭᠲᠠᠨᠢ ᠬᠠᠲᠤᠨ ᠢ᠋ ᠳᠠᠭᠤᠳᠠᠭᠤᠯᠵᠠᠢ᠃ ᠳᠦᠷᠭᠡᠨ᠎ᠡ ᠬᠠᠲᠤᠨ ᠳ᠋ᠤ᠌ ᠣᠳᠣ ᠲᠥᠷᠥ ᠤᠯᠤᠰ ᠤ᠋ᠨ ᠬᠡᠷᠡᠭ ᠬᠠᠮᠢᠶ᠎ᠠ ᠦᠭᠡᠢ ᠪᠣᠯᠵᠤ᠂ ᠥᠩᠭᠡᠷᠡᠵᠦ ᠣᠳᠤᠭᠰᠠᠨ ᠠᠮᠢᠳᠤᠷᠠᠯ᠂ ᠬᠣᠷᠸ᠎ᠠ ᠶ᠋ᠢᠨ ᠶᠠᠪᠤᠳᠠᠯ ᠢ᠋ ᠡᠷᠭᠢᠴᠡᠭᠦᠯᠦᠨ ᠪᠢᠰᠢᠯᠭᠠᠵᠤ ᠰᠠᠭᠤᠬᠤ ᠪᠠᠷ ᠰᠢᠢᠳᠴᠦ᠂ ᠥᠪᠡᠷ ᠦ᠋ᠨ ᠲᠣᠮᠣ ᠬᠦᠦ ᠳ᠋ᠦ᠍ ᠬᠠᠭᠠᠨ ᠰᠢᠷᠡᠭᠡ ᠶ᠋ᠢ ᠬᠦᠯᠢᠶᠡᠯᠭᠡᠨ ᠥᠭᠭᠦᠭᠰᠡᠨ ᠲᠤᠯᠠ ᠰᠠᠨᠠᠭ᠎ᠠ ᠰᠡᠳᠬᠢᠯ ᠠᠮᠤᠷᠯᠢᠨ ᠪᠠᠢᠪᠠ᠃ 
   ᠰᠤᠷᠬᠠᠭᠲᠠᠨᠢ ᠬᠠᠲᠤᠨ ᠢ᠋ ᠦᠷᠭᠦᠭᠡᠨ ᠳ᠋ᠦ᠍ ᠣᠷᠣᠵᠤ ᠢᠷᠡᠬᠦ ᠳ᠋ᠦ᠍ ᠳᠦᠷᠭᠡᠨ᠎ᠡ ᠬᠠᠲᠤᠨ ᠭᠠᠭᠴᠠᠭᠠᠷ ᠢ᠋ᠶ᠋ᠠᠨ ᠬᠦᠯᠢᠶᠡᠵᠦ ᠰᠠᠭᠤᠯ᠎ᠠ᠃ ᠡᠨᠡ ᠬᠣᠶᠠᠷ ᠬᠥᠮᠦᠨ ᠦ᠌ ᠬᠣᠭᠣᠷᠣᠨᠳᠣ ᠶᠠᠷᠢᠬᠤ ᠵᠦᠢᠯ ᠣᠯᠠᠨ ᠪᠣᠢ᠃ ᠬᠠᠮᠢᠭ᠎ᠠ ᠡᠴᠡ ᠨᠢ ᠡᠬᠢᠯᠡᠬᠦ ᠬᠢᠭᠡᠳ ᠪᠣᠯᠵᠤ ᠥᠩᠭᠡᠷᠡᠭᠰᠡᠨ ᠪᠦᠬᠦᠨ ᠢ᠋ ᠬᠡᠷᠬᠢᠨ ᠲᠠᠢᠯᠪᠤᠷᠢᠯᠠᠬᠤ ᠪᠠᠨ ᠪᠣᠳᠣᠯᠬᠢᠯᠠᠨ ᠳᠦᠷᠭᠨ᠎ᠡ ᠬᠠᠲᠤᠨ ᠢᠩᠭᠢᠵᠦ ᠭᠠᠭᠴᠠᠭᠠᠷ ᠰᠠᠭᠤᠭᠰᠠᠨ ᠴᠤ ᠪᠠᠢᠵᠤ ᠮᠠᠭᠠᠳ᠃ ᠲᠡᠷᠡ ᠪᠡᠷ ᠰᠤᠷᠬᠠᠭᠲᠠᠨᠢ ᠶ᠋ᠢ ᠳᠡᠭᠡᠭᠰᠢ ᠰᠠᠭᠤᠬᠤ ᠶ᠋ᠢ ᠤᠷᠢᠭᠠᠳ᠂
   — ᠨᠠᠰᠤ ᠨᠡᠮᠡᠬᠦ ᠶ᠋ᠢᠨ ᠬᠢᠷᠢ ᠪᠡᠷ ᠬᠣᠷᠸ᠎ᠠ ᠶ᠋ᠢᠨ ᠶᠠᠪᠤᠳᠠᠯ ᠡᠴᠡ ᠤᠯᠠᠮ ᠪᠦᠷ ᠬᠣᠯᠠᠳᠤᠮᠠᠷ ᠰᠠᠨᠠᠭᠳᠠᠬᠤ ᠶᠤᠮ ᠭᠡᠵᠦ ᠬᠡᠯᠡᠯ᠎ᠡ᠃
   ᠡᠨᠡ ᠬᠥᠮᠦᠨ ᠴᠣᠬᠣᠮ ᠶᠠᠭᠤᠨ ᠤ᠋ ᠤᠴᠢᠷ ᠠᠮᠤᠷ ᠠᠮᠤᠭᠤᠯᠠᠩ ᠢ᠋ ᠬᠦᠰᠡᠮᠵᠢᠯᠡᠬᠦ ᠪᠣᠯᠪᠠ᠃ ᠤᠷᠢᠳᠤ ᠨᠢᠭᠡᠨ ᠴᠠᠭ ᠲᠤ ᠲᠡᠭᠡᠲᠡᠯ᠎ᠡ ᠤᠯᠠᠢᠷᠠᠨ ᠵᠢᠳᠬᠦᠵᠦ᠂ ᠲᠥᠷᠥ ᠶ᠋ᠢᠨ ᠲᠠᠮᠠᠭ᠎ᠠ ᠶ᠋ᠢ ᠭᠠᠷ ᠲᠠᠭᠠᠨ ᠣᠷᠣᠭᠤᠯᠤᠨ᠂ ᠥᠭᠡᠳᠡᠢ ᠬᠠᠭᠠᠨ ᠤ᠋ ᠲᠥᠷᠥ ᠵᠠᠰᠠᠬᠤ ᠡᠷᠬᠡ ᠮᠠᠲᠠᠯ ᠢ᠋ ᠠᠪᠤᠭᠰᠠᠨ ᠡᠨᠡ ᠬᠠᠲᠤᠨ ᠤ᠋ ᠦᠶ᠎ᠡ ᠳ᠋ᠦ᠍ ᠡᠵᠡᠨ ᠴᠢᠩᠭᠢᠰ ᠬᠠᠭᠠᠨ ᠤ᠋ ᠰᠢᠢᠳᠪᠦᠷᠢ᠂ ᠶᠡᠬᠡ ᠵᠠᠰᠠᠭ ᠬᠠᠤᠯᠢ ᠵᠥᠷᠢᠴᠡᠭᠳᠡᠬᠦ ᠶ᠋ᠢᠨ ᠵᠡᠷᠭᠡᠴᠡᠭᠡ ᠲᠥᠷᠥ ᠶ᠋ᠢᠨ ᠶᠡᠬᠡ ᠬᠥᠮᠦᠨ ᠶᠸᠯᠢᠦᠢ ᠴᠦᠼᠡᠢ ᠶ᠋ᠢᠨ ᠭᠡᠷ ᠲᠦ᠍ ᠨᠡᠩᠵᠢᠯᠭᠡ ᠬᠢᠵᠦ᠂ ᠺᠤᠷᠭᠤᠽ ᠨᠣᠶᠠᠨᠲᠠᠨ ᠤ᠋ ᠠᠮᠠᠨ ᠳ᠋ᠤ᠌ ᠴᠢᠯᠠᠭᠤ ᠴᠢᠬᠢᠨ ᠠᠯᠠᠵᠤ᠂ ᠠᠭᠤᠷᠠᠭ ᠲᠠᠬᠢ ᠨᠣᠮ ᠤ᠋ᠨ ᠥᠷᠭᠥᠭᠡ ᠶ᠋ᠢ ᠬᠠᠢᠯᠠᠭᠤᠯᠤᠭᠰᠠᠨ ᠵᠡᠷᠭᠡ ᠣᠯᠠᠨ ᠬᠡᠷᠡᠭ ᠭᠠᠷᠴᠤ ᠪᠠᠢᠭᠰᠠᠨ᠃ ᠳᠦᠷᠭᠡᠨ᠎ᠡ ᠥᠨᠥ ᠬᠣᠷᠸ᠎ᠠ ᠶ᠋ᠢᠨ ᠶᠠᠪᠤᠳᠠᠯ ᠡᠴᠡ ᠨᠢᠭᠡᠨᠲᠡ ᠬᠣᠯᠠᠳᠤᠨ᠂ ᠲᠠᠢᠪᠤᠰᠢᠷᠠᠯ ᠢ᠋ ᠬᠦᠰᠡᠮᠵᠢᠯᠡᠬᠦ ᠶ᠋ᠢᠨ ᠤᠴᠢᠷ ᠶᠠᠭᠤ ᠪᠢᠯᠡ᠃ ᠲᠡᠷᠡ ᠪᠡᠷ ᠦᠷᠭᠦᠯᠵᠢᠯᠡᠭᠦᠯᠦᠨ᠂
   — ᠡᠨᠡ ᠲᠥᠷᠥ ᠳ᠋ᠦ᠍ ᠵᠢᠳᠬᠦᠬᠦ ᠳ᠋ᠡᠭᠡᠨ ᠪᠢ ᠪᠤᠷᠤᠭᠤ ᠰᠠᠨᠠᠵᠤ ᠶᠠᠪᠤᠭᠰᠠᠨ ᠦᠭᠡᠢ᠂ ᠡᠵᠡᠨᠲᠦ ᠭᠦᠷᠦᠨ ᠢ᠋ᠶ᠋ᠡᠨ ᠡᠬᠡ ᠶ᠋ᠢᠨ ᠰᠡᠳᠬᠢᠯ ᠢ᠋ᠶ᠋ᠡᠷ ᠥᠭᠡᠳᠡ ᠲᠡᠳᠡᠨ᠂ ᠮᠣᠩᠭᠣᠯ ᠬᠡᠮᠡᠬᠦ ᠰᠤᠤ ᠠᠯᠳᠠᠷ ᠳᠡᠯᠡᠬᠡᠢ ᠶ᠋ᠢᠨ ᠳᠠᠢᠲᠠ (ᠪᠦᠬᠦ᠂ ᠨᠡᠢᠳᠡᠮ) ᠳ᠋ᠦ᠍ ᠥᠷᠲᠡᠭᠡᠯᠡᠨ᠂ ᠮᠠᠨᠳᠤᠨ ᠪᠠᠳᠠᠷᠠᠵᠤ᠂ ᠡᠷᠬᠡᠰᠢᠶᠡᠭᠰᠡᠨ ᠪᠦᠬᠦᠨ ᠮᠢᠨᠢ ᠰᠥᠭᠥᠳᠦᠨ ᠴᠡᠴᠡᠷᠡᠵᠦ ᠪᠠᠢᠭᠠᠰᠠᠢ ᠭᠡᠮᠡᠨ ᠬᠦᠰᠡᠵᠦ ᠪᠠᠢᠭᠰᠠᠨ ᠪᠢᠯᠡ᠃ ᠬᠠᠷᠢᠨ ᠬᠡᠨ ᠢ᠋ ᠲᠦᠰᠢᠵᠦ᠂ ᠬᠡᠨ ᠳ᠋ᠦ᠍ ᠢᠲᠡᠭᠡᠬᠦ ᠳ᠋ᠡᠭᠡᠨ ᠠᠯᠳᠠᠭᠰᠠᠨ ᠮᠡᠲᠦ ᠰᠠᠨᠠᠭᠳᠠᠨ᠎ᠠ᠃ ᠬᠣᠷᠸ᠎ᠠ ᠶ᠋ᠢ ᠬᠥᠮᠦᠨ ᠲᠤᠭᠤᠯᠵᠤ᠂ ᠪᠠᠷᠠᠵᠤ ᠪᠠᠢᠵᠤ ᠮᠡᠳᠡᠳᠡᠭ ᠭᠡᠳᠡᠭ ᠨᠢ ᠡᠨᠡ ᠪᠣᠯᠤᠯᠲᠠᠢ᠃ ᠰᠤᠷᠬᠠᠭᠲᠠᠨᠢ ᠴᠢᠮ᠎ᠠ ᠳ᠋ᠤ᠌ ᠪᠢ ᠬᠠᠷ᠎ᠠ ᠰᠠᠨᠠᠵᠤ ᠶᠠᠪᠤᠭᠰᠠᠨ ᠤᠳᠠᠭ᠎ᠠ ᠦᠭᠡᠢ ᠶ᠋ᠢ ᠮᠥᠩᠬᠡ ᠲᠩᠷᠢ ᠮᠡᠳᠡᠨ᠎ᠡ᠃ ᠳᠦᠷᠭᠡᠨ᠎ᠡ ᠬᠠᠲᠤᠨ ᠤᠬᠠᠭᠠᠷᠠᠭᠰᠠᠨ ᠬᠥᠮᠦᠨ ᠦ᠌ ᠨᠢᠳᠦ ᠪᠡᠷ ᠰᠤᠷᠬᠠᠭᠲᠠᠨᠢ ᠶ᠋ᠢ ᠰᠢᠷᠲᠡᠨ᠎ᠡ᠃
   — ᠨᠠᠳᠠ ᠳ᠋ᠤ᠌ ᠶᠠᠭᠤ ᠦᠯᠡᠳᠡᠪᠡ᠂ ᠡᠷ᠎ᠡ ᠨᠥᠬᠥᠷ ᠮᠢᠨᠢ ᠲᠩᠷᠢ ᠪᠣᠯᠵᠤ᠂ ᠭᠠᠭᠴᠠ ᠪᠠᠭᠠᠨ᠎ᠠ ᠰᠢᠭ᠋ ᠲᠥᠷᠥ ᠶ᠋ᠢ ᠲᠤᠯᠵᠤ ᠬᠣᠴᠣᠷᠤᠭᠰᠠᠨ ᠪᠢ ᠥᠷᠥᠨ ᠡᠴᠡ ᠮᠢᠨᠢ ᠤᠨᠠᠭᠰᠠᠨ ᠦᠷ᠎ᠡ ᠪᠡᠨ ᠦᠢᠮᠡᠭᠡᠨ ᠰᠠᠮᠠᠭᠤᠨ ᠤ᠋ ᠬᠥᠯ ᠳ᠋ᠦ᠍ ᠡᠬᠡ ᠶ᠋ᠢᠨ ᠬᠠᠢᠷ᠎ᠠ ᠶ᠋ᠢ ᠬᠠᠨᠲᠠᠯ᠎ᠠ ᠮᠡᠳᠡᠷᠡᠭᠦᠯᠵᠦ ᠴᠢᠳᠠᠯ ᠦᠭᠡᠢ ᠮᠥᠩᠬᠡ ᠲᠩᠷᠢ ᠳ᠋ᠦ᠍ ᠮᠣᠷᠳᠠᠭᠤᠯᠤᠯ᠎ᠠ᠃ ᠶᠠᠭ ᠦᠨᠡᠨ ᠳ᠋ᠡᠭᠡᠨ ᠴᠢᠮ᠎ᠠ ᠳ᠋ᠤ᠌ ᠠᠲᠠᠭᠠᠷᠬᠠᠬᠤ ᠶᠤᠮ᠃ ᠡᠨᠡ ᠬᠣᠷᠸ᠎ᠠ ᠳ᠋ᠤ᠌ ᠢᠷᠡᠭᠰᠡᠨ ᠡᠮᠡᠭᠲᠡᠢ ᠬᠥᠮᠦᠨ ᠦ᠌ ᠬᠢᠬᠦ ᠶᠣᠰᠣᠲᠠᠢ ᠠᠵᠢᠯ᠂ ᠬᠦᠯᠢᠶᠡᠬᠦ ᠶᠣᠰᠣᠲᠠᠢ ᠡᠭᠦᠷᠭᠡ ᠭᠡᠳᠡᠭ ᠬᠠᠭᠠᠨ᠂ ᠬᠠᠷᠠᠴᠤ ᠠᠯᠢᠨ ᠳᠤᠨᠢ ᠴᠤ ᠠᠳᠠᠯᠢᠬᠠᠨ ᠪᠠᠢᠳᠠᠭ ᠪᠣᠯᠤᠯᠲᠠᠢ᠃ ᠪᠢ ᠰᠠᠢᠨ ᠡᠵᠢ ᠪᠠᠢᠵᠤ ᠴᠢᠳᠠᠭᠰᠠᠨ ᠦᠭᠡᠢ ᠭᠡᠵᠦ ᠨᠡᠮᠡᠵᠦ ᠬᠡᠯᠡᠬᠦ ᠳ᠋ᠦ᠍ ᠰᠤᠷᠬᠠᠭᠲᠠᠨᠢ᠄
   — ᠴᠢ ᠪᠢᠳᠡ ᠠᠳᠠᠯᠢᠬᠠᠨ ᠡᠬᠡ ᠬᠥᠮᠦᠨ᠃ ᠪᠦᠭᠦᠳᠡ ᠯᠡ ᠦᠷ᠎ᠡ ᠬᠡᠦᠬᠡᠳ ᠦ᠋ᠨ ᠢ᠋ᠶ᠋ᠡᠨ ᠯᠡ ᠲᠥᠯᠥᠭᠡ ᠡᠨᠡ ᠠᠮᠢᠳᠤᠷᠠᠯ ᠢ᠋ ᠲᠤᠭᠤᠯᠳᠠᠭ ᠰᠢᠦ ᠳᠡ᠃ ᠴᠢᠨᠦ ᠮᠠᠭᠤ ᠶᠡᠬᠡ ᠪᠠᠢᠭ᠎ᠠ ᠦᠭᠡᠢ ᠶ᠋ᠢ ᠮᠥᠩᠬᠡ ᠲᠩᠷᠢ ᠮᠡᠳᠡᠨ᠎ᠡ ᠭᠡᠵᠦ ᠬᠠᠷᠢᠭᠤᠯᠤᠯ᠎ᠠ᠃ ᠳᠦᠷᠭᠡᠨ᠎ᠡ ᠬᠠᠲᠤᠨ᠄
   — ᠡᠬᠡ ᠬᠥᠮᠦᠨ ᠦ᠌ ᠡᠭᠦᠷᠭᠡ ᠶ᠋ᠢ ᠡᠬᠢᠨ ᠦ᠌ ᠪᠥᠭᠡᠳ ᠡᠴᠦᠰ ᠦ᠋ᠨ ᠤᠳᠠᠭ᠎ᠠ ᠣᠢᠯᠠᠭᠠᠭᠰᠠᠨ ᠲᠡᠷᠡ ᠡᠳᠦᠷ ᠢ᠋ᠶ᠋ᠡᠨ ᠪᠢ ᠭᠦᠶᠦᠭ ᠢ᠋ ᠬᠠᠭᠠᠨ ᠪᠣᠯᠭᠠᠬᠤ ᠰᠢᠢᠳᠪᠦᠷᠢ ᠭᠠᠷᠭᠠᠭᠰᠠᠨ᠂ ᠬᠠᠷᠢᠨ ᠣᠳᠣ ᠬᠣᠷᠸ᠎ᠠ ᠶ᠋ᠢᠨ ᠶᠠᠪᠤᠳᠠᠯ ᠢ᠋ ᠪᠢᠰᠢᠯᠭᠠᠨ ᠰᠠᠭᠤᠬᠤ ᠮᠢᠨᠢ ᠯᠡ ᠦᠯᠡᠳᠡᠵᠦ ᠪᠠᠢᠨ᠎ᠠ ᠭᠡᠪᠡ᠃
   ᠡᠨᠡ ᠶᠠᠷᠢᠶ᠎ᠠ ᠳᠦᠷᠭᠡᠨ᠎ᠡ ᠬᠠᠲᠤᠨ ᠤ᠋ ᠦᠷᠭᠦᠭᠡᠨ ᠳ᠋ᠦ᠍ ᠪᠣᠯᠤᠭᠰᠠᠨ ᠡᠴᠡ ᠬᠣᠢᠰᠢ ᠬᠤᠷᠠᠯᠳᠠᠢ ᠥᠨᠳᠥᠷᠯᠡᠵᠦ᠂ ᠶᠡᠬᠡ ᠮᠣᠩᠭᠣᠯ ᠤᠯᠤᠰ ᠰᠢᠨ᠎ᠡ ᠡᠵᠡᠨ ᠬᠠᠭᠠᠨ ᠢ᠋ᠶ᠋ᠠᠨ ᠵᠠᠯᠠᠵᠤ᠂ ᠳᠦᠷᠭᠡᠨ᠎ᠡ ᠬᠠᠲᠤᠨ ᠥᠪᠡᠷ ᠦ᠋ᠨ ᠦᠨᠡᠨᠴᠢ ᠠᠯᠪᠠᠲᠤ ᠹᠠᠲ᠋ᠢᠮᠠ ᠶ᠋ᠢᠨ ᠬᠠᠮᠲᠤ ᠵᠢᠷᠭᠠᠯ ᠵᠣᠪᠠᠯᠠᠩ ᠢ᠋ᠶ᠋ᠠᠨ ᠶᠠᠷᠢᠯᠴᠠᠨ᠂ ᠬᠣᠷᠸ᠎ᠠ ᠶ᠋ᠢᠨ ᠰᠢᠷ᠎ᠠ ᠡᠳᠦᠷ ᠦ᠋ᠳ ᠢ᠋ ᠥᠩᠭᠡᠷᠡᠭᠦᠯᠬᠦ ᠪᠡᠷ ᠰᠢᠢᠳᠦᠨ᠂ ᠬᠠᠷᠠᠬᠣᠷᠣᠮ ᠡᠴᠡ ᠵᠠᠢᠳᠠᠭᠤ ᠨᠤᠲᠤᠭ ᠰᠡᠯᠭᠦᠵᠦ ᠠᠮᠢᠳᠤᠷᠠᠬᠤ ᠪᠣᠯᠪᠠ᠃
ᠬᠤᠷᠠᠯᠲᠠᠢ ᠥᠨᠳᠥᠷᠯᠡᠭᠰᠡᠨ ᠡᠴᠡ ᠬᠡᠳᠦ ᠬᠣᠨᠣᠭ ᠤ᠋ᠨ ᠳᠠᠷᠠᠭ᠎ᠠ ᠬᠠᠷᠠᠬᠣᠷᠣᠮ ᠡᠴᠡ ᠬᠣᠯᠠ ᠦᠭᠡᠢ ᠨᠤᠲᠤᠭᠯᠠᠬᠤ ᠳᠦᠷᠭᠡᠨ᠎ᠡ ᠬᠠᠲᠤᠨ ᠤ᠋ ᠦᠷᠭᠦᠭᠡᠨ ᠳ᠋ᠦ᠍ ᠬᠠᠲᠤᠨ ᠤ᠋ ᠰᠢᠪᠡᠭᠴᠢᠨ ᠹᠠᠲ᠋ᠢᠮᠠ ᠣᠷᠣᠵᠤ ᠢᠷᠡᠯ᠎ᠡ᠃ ᠲᠡᠷᠡ ᠬᠠᠲᠤᠨ ᠳ᠋ᠤ᠌ ᠣᠢᠷᠠᠲᠤᠨ ᠢᠷᠡᠵᠦ᠂
ᠭᠦᠶᠦᠭ ᠬᠠᠭᠠᠨ ᠵᠠᠷᠯᠢᠭ ᠪᠠᠭᠤᠯᠭᠠᠨ᠂ ᠥᠭᠡᠳᠡᠢ ᠬᠠᠭᠠᠨ ᠤ᠋ ᠦᠶ᠎ᠡ ᠶ᠋ᠢᠨ ᠴᠢᠩᠭᠠᠢ ᠴᠢᠩᠰᠠᠩ ᠲᠡᠷᠢᠭᠦᠲᠡᠢ ᠰᠠᠢᠳ ᠲᠦᠰᠢᠮᠡᠳ ᠢ᠋ ᠪᠤᠴᠠᠭᠠᠨ ᠠᠵᠢᠯ ᠳ᠋ᠤᠨᠢ ᠲᠣᠮᠢᠯᠠᠵᠤ᠂ ᠬᠠᠲᠤᠨ ᠲᠠᠨ ᠤ᠋ ᠦᠶ᠎ᠡ ᠶ᠋ᠢᠨ ᠰᠠᠢᠳ ᠨᠠᠷ ᠢ᠋ ᠤᠭᠴᠠᠷᠠᠭᠤᠯᠤᠭᠰᠠᠨ ᠪᠠᠢᠨ᠎ᠠ ᠭᠡᠵᠦ ᠬᠡᠯᠡᠯ᠎ᠡ᠃ ᠡᠨᠡ ᠶᠠᠷᠢᠶ᠎ᠠ ᠶ᠋ᠢ ᠰᠣᠨᠣᠰᠤᠭᠰᠠᠨ ᠳᠦᠷᠭᠡᠨ᠎ᠡ ᠬᠠᠲᠤᠨ᠄
    — ᠣᠷᠭᠢ ᠲᠡᠭᠦᠨ ᠢ᠋᠃ ᠨᠢᠭᠡᠨᠲᠡ ᠪᠢ ᠲᠥᠷᠥ ᠶ᠋ᠢᠨ ᠬᠡᠷᠡᠭ ᠲᠦ᠍ ᠣᠷᠣᠯᠴᠠᠬᠤ ᠦᠭᠡᠢ ᠭᠡᠵᠦ ᠬᠦᠦ ᠳ᠋ᠡᠭᠡᠨ ᠳᠠᠭᠠᠳᠬᠠᠭᠰᠠᠨ ᠲᠤᠯᠠ ᠲᠡᠷᠡ ᠬᠡᠨ ᠳ᠋ᠦ᠍ ᠢᠲᠡᠭᠡᠬᠦ ᠪᠡᠨ ᠥᠪᠡᠷ ᠢ᠋ᠶ᠋ᠡᠨ ᠮᠡᠳᠡᠲᠦᠭᠡᠢ ᠭᠡᠪᠡ᠃
ᠡᠨᠡ ᠦᠶ᠎ᠡ ᠳ᠋ᠦ᠍ ᠳᠦᠷᠭᠡᠨ᠎ᠡ ᠬᠠᠲᠤᠨ ᠤ᠋ ᠦᠷᠭᠦᠭᠡᠨ ᠳ᠋ᠦ᠍ ᠪᠠᠰᠠ ᠨᠢᠭᠡᠨ ᠬᠥᠮᠦᠨ ᠣᠷᠣᠵᠤ ᠢᠷᠡᠭᠰᠡᠨ ᠨᠢ ᠭᠦᠶᠦᠭ ᠬᠠᠭᠠᠨ ᠤ᠋ ᠠᠯᠪᠠᠲᠤ ᠪᠠᠢᠯ᠎ᠠ᠃
   ᠲᠡᠷᠡ ᠬᠠᠲᠤᠨ ᠳ᠋ᠤ᠌ ᠬᠦᠨᠳᠦᠳᠬᠡᠨ ᠶᠣᠰᠣᠯᠠᠭᠠᠳ᠂
   — ᠬᠠᠭᠠᠨ ᠡᠵᠡᠨ ᠭᠦᠶᠦᠭ ᠲᠠᠨ ᠤ᠋ ᠠᠯᠪᠠᠲᠤ ᠹᠠᠲ᠋ᠢᠮᠠ ᠶ᠋ᠢ ᠠᠪᠴᠢᠷᠠ ᠭᠡᠵᠦ ᠲᠤᠰᠢᠶᠠᠯ᠎ᠠ ᠭᠡᠵᠦ ᠬᠡᠯᠡᠪᠡ᠃ ᠭᠠᠢᠬᠠᠨ ᠰᠣᠴᠢᠷᠳᠠᠭᠰᠨ ᠳᠦᠷᠭᠡᠨ᠎ᠡ ᠬᠠᠲᠤᠨ ᠥᠨᠥ ᠬᠥᠮᠦᠨ ᠢ᠋ ᠠᠭᠤᠷ ᠲᠠᠢ ᠬᠠᠷᠠᠵᠤ᠂
   — ᠥᠭᠬᠦ ᠦᠭᠡᠢ ᠭᠡᠵᠦ ᠬᠡᠯᠡ ᠬᠡᠮᠡᠯ᠎ᠡ᠃ ᠦᠷᠭᠦᠭᠡᠨ ᠳ᠋ᠦ᠍ ᠣᠷᠣᠵᠤ ᠢᠷᠡᠭᠰᠡᠨ ᠠᠯᠪᠠᠲᠤ ᠬᠠᠲᠤᠨ ᠳ᠋ᠤ᠌ ᠬᠦᠨᠳᠦᠳᠬᠡᠯ ᠢᠯᠡᠷᠬᠡᠢᠯᠡᠭᠡᠳ ᠭᠠᠷᠴᠤ ᠶᠠᠪᠤᠪᠠ᠃
ᠲᠤᠩ ᠤᠳᠠᠯ ᠦᠭᠡᠢ ᠮᠥᠨᠥᠬᠢ ᠠᠯᠪᠠᠲᠤ ᠬᠥᠶᠦᠭ ᠬᠠᠭᠠᠨ ᠳ᠋ᠤ᠌ ᠪᠠᠷᠠᠯᠬᠠᠪᠠ᠃ ᠬᠠᠭᠠᠨ ᠡᠵᠡᠨ ᠦᠷᠭᠦᠭᠡᠨ ᠦ᠌ ᠪᠡᠨ ᠬᠣᠢᠮᠣᠷ ᠲᠤ ᠵᠠᠯᠠᠷᠠᠵᠠᠢ᠃ ᠪᠦᠲᠦᠯ ᠦᠭᠡᠢ ᠮᠡᠳᠡᠭᠡ ᠳᠣᠭᠣᠯᠭᠠᠬᠤ ᠨᠢ ᠢᠯᠡᠳᠲᠡ ᠲᠦᠭᠳᠡᠴᠢᠨ ᠪᠠᠢᠭ᠎ᠠ ᠠᠯᠪᠠᠲᠤ ᠪᠠᠨ ᠬᠠᠷᠠᠭᠠᠳ᠂
   — ᠹᠠᠲ᠋ᠢᠮᠠ ᠶ᠋ᠢ ᠠᠪᠴᠢᠷᠠ ᠭᠡᠰᠡᠨ᠂ ᠶᠠᠭᠠᠬᠢᠭᠰᠠᠨ ᠪᠣᠢ ᠭᠡᠵᠦ ᠵᠠᠩᠳᠤᠷᠤᠯ᠎ᠠ᠃
   — ᠬᠠᠲᠤᠨ ᠡᠬᠡ ᠲᠠᠨᠢ ᠹᠠᠲ᠋ᠢᠮᠠ ᠶ᠋ᠢ ᠥᠭᠴᠦ ᠶᠠᠪᠤᠭᠤᠯᠤᠭᠰᠠᠨ ᠦᠭᠡᠢ ᠭᠡᠪᠡ᠃ ᠭᠦᠶᠦᠭ ᠬᠠᠭᠠᠨ ᠵᠠᠩᠭᠢᠳᠤᠭᠰᠠᠨ ᠨᠢᠳᠤᠷᠭ᠎ᠠ ᠪᠠᠨ ᠡᠮᠦᠨᠡᠬᠢ ᠰᠢᠷᠡᠭᠡᠨ ᠳᠡᠭᠡᠷ᠎ᠡ ᠪᠠᠭᠤᠯᠭᠠᠵᠤ ᠶᠡᠬᠡᠳᠡ ᠠᠭᠤᠷᠰᠠᠨ᠂
   — ᠬᠠᠲᠤᠨ ᠡᠬᠡ ᠥᠪᠡᠷ ᠢ᠋ ᠨᠢ ᠠᠮᠠ ᠪᠠᠷ ᠨᠢ ᠰᠢᠷᠣᠢ ᠡᠮᠬᠦᠭᠦᠯᠦᠭᠰᠡᠨ ᠬᠥᠮᠦᠨ ᠢ᠋ᠶ᠋ᠡᠨ ᠨᠠᠳᠠ ᠡᠴᠡ ᠬᠠᠷᠠᠮᠯᠠᠯ᠎ᠠ ᠭᠡᠵᠦ ᠤᠤ ᠭᠡᠮᠡᠨ ᠬᠢᠯᠢᠩ ᠲᠡᠢ ᠠᠰᠠᠭᠤᠯ᠎ᠠ᠃ ᠮᠥᠨᠥᠬᠢ ᠠᠯᠪᠠᠲᠤ ᠭᠦᠶᠦᠭ ᠬᠠᠭᠠᠨ ᠤ᠋ ᠬᠢᠯᠢᠩ ᠡᠴᠡ ᠡᠮᠢᠶᠡᠨ ᠳᠣᠲᠣᠷ᠎ᠠ ᠪᠠᠨ ᠡᠮᠢᠶᠡᠨ ᠵᠣᠭᠰᠣᠯ᠎ᠠ᠃
ᠡᠨᠡ ᠦᠶ᠎ᠡ ᠳ᠋ᠦ᠍ ᠳᠦᠷᠭᠡᠨ᠎ᠡ ᠬᠠᠲᠤᠨ ᠤ᠋ ᠦᠷᠭᠦᠭᠡᠨ ᠳ᠋ᠦ᠍ ᠴᠡᠴᠡᠷᠡᠨ ᠰᠠᠭᠤᠬᠤ ᠹᠠᠲ᠋ᠢᠮᠠ ᠬᠠᠲᠤᠨ ᠳ᠋ᠤ᠌ ᠣᠢᠷᠠᠲᠤᠨ ᠢᠷᠡᠵᠦ ᠨᠢᠯᠪᠤᠰᠤ ᠴᠡᠢᠯᠡᠭᠡᠨᠡᠭᠰᠡᠨ ᠨᠢᠳᠦ ᠪᠡᠷ ᠠᠪᠤᠷᠠᠯ ᠡᠷᠢᠨ ᠬᠠᠷᠠᠵᠤ᠂
   — ᠬᠠᠲᠤᠨᠲᠠᠨ ᠮᠢᠨᠢ ᠣᠳᠣ ᠬᠡᠷᠬᠢᠬᠦ ᠪᠢᠯᠡ᠃ ᠭᠦᠶᠦᠭ ᠬᠠᠭᠠᠨ ᠨᠠᠮᠠᠶ᠋ᠢ ᠲᠠᠨ ᠡᠴᠡ ᠨᠡᠬᠡᠬᠦ ᠪᠣᠯᠤᠯ᠎ᠠ᠃ ᠡᠨᠡ ᠯᠠᠪ ᠢᠩᠭᠢᠭᠡᠳ ᠵᠣᠭᠰᠣᠬᠤ ᠦᠭᠡᠢ ᠪᠣᠯᠪᠠ ᠤᠤ᠃ ᠤᠲᠠᠰᠤᠨ ᠴᠢᠨᠡᠭᠡᠨ ᠤᠯᠠᠭᠠᠨ ᠠᠮᠢ ᠶ᠋ᠢ ᠮᠢᠨᠢ ᠬᠠᠮᠠᠭᠠᠯᠠᠵᠤ ᠬᠠᠢᠷᠠᠯᠠ ᠭᠡᠮᠡᠨ ᠰᠥᠭᠥᠳᠦᠯ᠎ᠡ᠃ ᠳᠦᠷᠭᠡᠨ᠎ᠡ ᠬᠠᠲᠤᠨ ᠲᠣᠭᠣᠨᠣ ᠪᠠᠷ ᠲᠤᠰᠬᠤ ᠨᠠᠷᠠᠨ ᠤ᠋ ᠲᠤᠶᠠᠭ᠎ᠠ ᠶ᠋ᠢ ᠠᠵᠢᠭᠯᠠᠨ ᠬᠠᠷᠠᠬᠤ ᠵᠠᠭᠤᠷ᠎ᠠ᠂
   — ᠥᠭᠬᠦ ᠦᠭᠡᠢ᠂ ᠪᠢ ᠴᠢᠮᠠᠶ᠋ᠢ᠃ ᠨᠠᠳᠠ ᠳ᠋ᠤ᠌ ᠣᠳᠣ ᠬᠡᠨ ᠪᠠᠢᠨ᠎ᠠ᠃ ᠬᠡᠨ ᠲᠡᠢ ᠪᠡᠨ ᠪᠢ ᠦᠯᠡᠳᠡᠬᠦ ᠪᠢᠯᠡ᠃ ᠨᠠᠳᠠ ᠳ᠋ᠤ᠌ ᠴᠢᠮᠠᠶ᠋ᠢ ᠬᠠᠮᠠᠭᠠᠯᠠᠨ ᠰᠠᠭᠤᠬᠤ ᠰᠢᠯᠲᠠᠭ ᠣᠯᠠᠨ ᠲᠤᠯᠠ ᠰᠠᠨᠠᠭ᠎ᠠ ᠠᠮᠤᠷ ᠪᠠᠢ ᠭᠡᠵᠦ ᠬᠡᠯᠡᠭᠡᠳ ᠥᠪᠡᠷ ᠦ᠋ᠨ ᠬᠡᠯᠡᠭᠰᠡᠨ ᠦᠭᠡᠨ ᠳ᠋ᠡᠭᠡᠨ ᠬᠡᠳᠦ ᠦᠨᠡᠮᠰᠢᠨ ᠪᠣᠢ᠂ ᠡᠰᠡᠪᠡᠯ ᠡᠷᠡᠭᠡᠯᠵᠡᠨ ᠪᠣᠢ ᠨᠢ ᠮᠡᠳᠡᠭᠳᠡᠬᠦ ᠦᠭᠡᠢ ᠹᠠᠲ᠋ᠢᠮᠠ ᠶ᠋ᠢᠨ ᠭᠠᠷ ᠢ᠋ ᠴᠢᠩᠭ᠎ᠠ ᠠᠳᠬᠤᠯ᠎ᠠ᠃
ᠠᠭᠤᠷᠠᠭ ᠲᠤ᠌ ᠶᠡᠬᠡ ᠠᠵᠢᠯ ᠳᠠᠬᠢᠨ ᠥᠷᠨᠢᠵᠡᠢ᠃ ᠠᠯᠲᠠᠨ ᠰᠤᠳᠤᠷ ᠢ᠋ ᠳᠠᠬᠢᠨ ᠰᠡᠷᠭᠦᠭᠡᠬᠦ ᠦᠢᠯᠡᠰ ᠲᠦ᠍ ᠬᠥᠭᠰᠢᠨ ᠬᠥᠪᠡᠭᠡ᠂ ᠬᠡᠦᠬᠡᠳ ᠪᠠᠭᠠᠴᠤᠳ ᠪᠦᠭᠦᠳᠡ ᠣᠷᠣᠯᠴᠠᠨ ᠴᠡᠭᠡᠵᠢ ᠪᠡᠨ ᠠᠭᠤᠳᠠᠯᠤᠨ᠂ ᠴᠢᠩ ᠦᠨᠡᠨ ᠢ᠋ ᠪᠢᠴᠢᠭᠯᠡᠨ ᠪᠠᠢᠨ᠎ᠠ᠃
ᠢᠳᠡ ᠠᠵᠢᠯ ᠤ᠋ᠨ ᠳᠤᠮᠳᠠᠭᠤᠷ ᠬᠡᠳᠦᠨ ᠬᠥᠮᠦᠨ ᠢᠷᠡᠪᠡ᠃ ᠡᠳᠡ ᠪᠣᠯ ᠪᠤᠬᠠᠷ ᠬᠣᠲᠠ ᠡᠴᠡ  ᠬᠠᠲᠤᠨ ᠤ᠋ ᠳᠠᠭᠤᠳᠠᠭᠤᠯᠤᠨ ᠢᠷᠡᠭᠦᠯᠦᠭᠰᠡᠨ ᠤᠷᠠᠨ ᠪᠠᠷᠢᠯᠭᠠᠴᠢᠳ ᠠᠵᠢ᠃ ᠲᠡᠳᠡᠨ ᠦ᠌ ᠠᠬᠠᠯᠠᠭᠴᠢ ᠨᠢ ᠪᠣᠯᠤᠯᠲᠠᠢ ᠱᠠᠭᠠᠢ ᠪᠠᠨ ᠬᠦᠷᠦᠭᠰᠡᠨ ᠰᠢᠷ᠎ᠠ ᠰᠤᠳᠠᠯ ᠲᠠᠢ ᠬᠥᠬᠡ ᠥᠩᠭᠡ ᠶ᠋ᠢᠨ ᠬᠤᠪᠴᠠᠰᠤ ᠡᠮᠦᠰᠦᠭᠰᠡᠨ ᠬᠤᠤᠵᠠ ᠬᠠᠷ᠎ᠠ ᠰᠠᠬᠠᠯ᠂ ᠮᠣᠩᠬᠣᠷ ᠬᠠᠮᠠᠷ᠂ ᠤᠷᠲᠤ ᠡᠷᠡᠦ ᠲᠡᠢ ᠡᠷ᠎ᠡ ᠬᠠᠲᠤᠨᠲᠠᠨ ᠳ᠋ᠤ᠌ ᠬᠦᠨᠳᠦᠳᠬᠡᠯ ᠢᠯᠡᠷᠬᠡᠢᠯᠡᠨ᠂
   — ᠬᠠᠲᠤᠨᠲᠠᠨ ᠲᠠ ᠠᠮᠤᠷ ᠠᠮᠤᠭᠤᠯᠠᠩ ᠰᠠᠭᠤᠵᠤ ᠪᠠᠢᠨ᠎ᠠ ᠤᠤ? ᠲᠠᠨ ᠢ᠋ ᠪᠤᠬᠠᠷ ᠡᠴᠡ ᠶᠠᠪᠤᠭᠰᠠᠨ ᠳᠠᠷᠤᠢ ᠰᠤᠷᠭᠠᠭᠤᠯᠢ ᠪᠠᠢᠭᠤᠯᠬᠤ ᠠᠵᠢᠯ ᠢ᠋ ᠡᠬᠢᠯᠡᠭᠦᠯᠵᠦ᠂ ᠥᠨᠥ ᠡᠭᠦᠳᠡ ᠪᠡᠨ ᠨᠡᠭᠡᠭᠡᠭᠰᠡᠨ ᠰᠤᠷᠭᠠᠭᠤᠯᠢ ᠮᠢᠩᠭᠠᠨ ᠬᠡᠦᠬᠡᠳ ᠲᠦ᠍ ᠨᠢᠭᠡ ᠳᠣᠣᠷ᠎ᠠ ᠨᠣᠮ ᠡᠷᠳᠡᠮ ᠵᠢᠭᠠᠬᠤ ᠪᠣᠯᠤᠯ᠎ᠠ᠃ ᠪᠢᠳᠡ ᠲᠡᠷᠡ ᠰᠤᠷᠭᠠᠭᠤᠯᠢ ᠶ᠋ᠢ《ᠬᠠᠲᠤᠨ ᠤ᠋ ᠰᠤᠷᠭᠠᠭᠤᠯᠢ》 ᠭᠡᠮᠡᠨ ᠨᠡᠷᠡᠯᠡᠭᠰᠡᠨ ᠭᠡᠵᠦ ᠬᠡᠯᠡᠪᠡ᠃
   — ᠵᠣᠷᠢᠭᠰᠠᠨ ᠠᠵᠢᠯ ᠮᠢᠨᠢ ᠨᠢᠭᠡᠨᠲᠡ ᠪᠦᠲᠦᠵᠡᠢ᠃ ᠮᠥᠩᠬᠡ ᠲᠩᠷᠢ ᠢᠪᠡᠭᠡᠭᠰᠡᠨ ᠬᠡᠷᠡᠭ᠃ ᠬᠠᠷᠢᠨ ᠲᠠ ᠨᠠᠷ ᠢ᠋ ᠳᠠᠭᠤᠳᠠᠭᠤᠯᠤᠭᠰᠠᠨ ᠤᠴᠢᠷ ᠨᠢ ᠨᠢᠭᠡᠨ ᠴᠠᠭ ᠤ᠋ᠨ ᠶᠡᠬᠡ ᠲᠡᠦᠬᠡ ᠶ᠋ᠢ ᠠᠭᠤᠯᠬᠤ ᠨᠣᠮ ᠤ᠋ᠨ ᠥᠷᠭᠥᠭᠡ ᠮᠢᠨᠢ᠂ ᠮᠢᠨᠦ ᠡᠵᠡᠭᠦᠢ ᠳ᠋ᠦ᠍ ᠬᠠᠢᠯᠤᠨ ᠣᠳᠤᠭᠰᠠᠨ ᠲᠤᠯᠠ ᠰᠡᠳᠬᠢᠯ ᠳ᠋ᠦ᠍ ᠤᠨᠲᠠᠷᠠᠭᠰᠠᠨ ᠭᠠᠯ ᠮᠡᠲᠦ ᠬᠠᠷᠠᠯᠠᠨ ᠪᠣᠢ ᠡᠨᠡ ᠦᠷᠭᠦᠭᠡᠨ ᠦ᠌ ᠪᠠᠭᠤᠷᠢᠨ ᠳᠡᠭᠡᠷ᠎ᠡ ᠤᠷᠢᠳᠤ ᠡᠮᠦᠨᠡᠬᠢ ᠡᠴᠡ ᠴᠦ᠍ ᠢᠯᠡᠭᠦᠦ ᠰᠠᠢᠬᠠᠨ ᠨᠣᠮ ᠤ᠋ᠨ ᠤᠷᠲᠤ ᠥᠷᠭᠥᠭᠡ ᠪᠠᠢᠭᠤᠯᠬᠤ ᠭᠡᠰᠡᠨ ᠬᠡᠷᠡᠭ ᠭᠡᠵᠦ ᠬᠡᠯᠡᠭᠡᠳ ᠥᠨᠥ ᠬᠢᠷᠢ ᠪᠠᠭᠤᠷᠢ ᠨᠢ ᠬᠠᠷᠠᠯᠠᠨ ᠪᠠᠢᠭ᠎ᠠ ᠨᠣᠮ ᠤ᠋ᠨ ᠥᠷᠭᠥᠭᠡ ᠪᠠᠢᠭᠰᠠᠨ ᠭᠠᠵᠠᠷ ᠢ᠋ ᠵᠢᠭᠠᠯ᠎ᠠ᠃
   — ᠬᠠᠲᠤᠨᠲᠠᠨ ᠮᠢᠨᠢ᠂ ᠪᠢᠳᠡ ᠥᠪᠡᠷ ᠦ᠋ᠨ ᠤᠷᠠᠨ ᠪᠠᠷᠢᠯᠭ᠎ᠠ ᠶ᠋ᠢᠨ ᠬᠡᠪ ᠮᠠᠶᠢᠭ᠋ ᠡᠴᠡ ᠥᠭᠡᠷ᠎ᠡ ᠪᠡᠷ ᠳᠣᠷᠣᠨ᠎ᠠ ᠳ᠋ᠠᠬᠢᠨ ᠤ᠋ ᠪᠠᠷᠢᠯᠭ᠎ᠠ ᠪᠠᠢᠰᠢᠩ ᠪᠠᠷᠢᠵᠤ ᠥᠨᠥᠬᠡᠨ ᠳ᠋ᠡᠭᠡᠨ ᠦᠵᠡᠭᠡ ᠦᠭᠡᠢ ᠪᠠᠢᠭ᠎ᠠ ᠲᠤᠯᠠ ᠶᠠᠮᠠᠷ ᠵᠠᠭᠪᠤᠷ ᠬᠢᠴᠡ ᠲᠡᠢ ᠥᠷᠭᠥᠭᠡ ᠪᠤᠰᠬᠠᠬᠤ ᠰᠠᠨᠠᠭ᠎ᠠ ᠪᠠᠨ ᠪᠢᠳᠡᠨ ᠳ᠋ᠦ᠍ ᠬᠡᠯᠡᠵᠦ ᠥᠭᠪᠡᠯ ᠲᠡᠷᠡ ᠳᠣᠣᠷ᠎ᠠ ᠨᠢ ᠬᠠᠲᠤᠨ ᠲᠠᠨ ᠤ᠋ ᠨᠣᠮ ᠤ᠋ᠨ ᠥᠷᠭᠥᠭᠡ ᠶ᠋ᠢ ᠪᠤᠰᠬᠠᠨ ᠥᠭᠬᠦ ᠪᠣᠯᠤᠨ᠎ᠠ ᠭᠡᠪᠡ᠃
   — ᠦᠨᠡᠨ ᠳ᠋ᠡᠭᠡᠨ ᠪᠣᠯ ᠲᠠᠯ᠎ᠠ ᠨᠤᠲᠤᠭ ᠲᠤ᠌ ᠪᠠᠢᠬᠤ ᠦᠭᠡᠢ ᠰᠠᠢᠬᠠᠨ ᠤᠷᠲᠤ ᠥᠷᠭᠥᠭᠡ ᠪᠣᠰᠬᠠᠬᠤ ᠶᠤᠮᠰᠠᠨ ᠭᠡᠵᠦ ᠬᠦᠰᠡᠵᠦ ᠪᠠᠢᠨ᠎ᠠ᠃ ᠲᠠ ᠪᠦᠬᠦᠨ ᠥᠪᠡᠷ ᠦ᠋ᠨ ᠭᠠᠵᠠᠷ ᠣᠷᠣᠨ ᠳ᠋ᠤ᠌ ᠪᠠᠷᠢᠳᠠᠭ ᠰᠢᠭ᠋ ᠢ᠋ᠶ᠋ᠡᠨ ᠨᠢᠭᠡ ᠰᠠᠢᠬᠠᠨ ᠥᠷᠭᠥᠭᠡ ᠰᠦᠨᠳᠡᠷᠯᠡᠭᠦᠯᠦᠨ ᠪᠤᠰᠬᠠᠪᠠᠯ ᠶᠠᠮᠠᠷ ᠪᠣᠢ?
   — ᠬᠠᠲᠤᠨ ᠲᠠᠨ ᠤ᠋ ᠲᠠᠭᠠᠯᠠᠯ ᠢ᠋ᠶ᠋ᠠᠷ ᠪᠣᠯᠤᠶ᠎ᠠ ᠬᠡᠮᠡᠯ᠎ᠡ᠃
ᠲᠤᠩ ᠤᠳᠠᠯ ᠦᠭᠡᠢ ᠠᠭᠤᠷᠠᠭ ᠲᠤ᠌ ᠪᠠᠷᠢᠯᠭ᠎ᠠ ᠪᠠᠢᠰᠢᠩ ᠤ᠋ᠨ ᠠᠵᠢᠯ ᠡᠬᠢᠯᠡᠨ ᠨᠣᠮ ᠤ᠋ᠨ ᠦᠷᠭᠦᠭᠡᠨ ᠦ᠌ ᠰᠢᠪᠡ ᠲᠠᠯᠪᠢᠭᠳᠠᠵᠤ ᠡᠬᠢᠯᠡᠪᠡ᠃ ᠭᠡᠬᠦ ᠳ᠋ᠡᠭᠡᠨ ᠡᠨᠡ ᠤᠳᠠᠭ᠎ᠠ ᠳ᠋ᠤ᠌ ᠥᠭᠡᠯᠦᠨ ᠡᠬᠡ ᠶ᠋ᠢᠨ ᠪᠠᠷᠢᠵᠤ ᠥᠭᠭᠦᠭᠰᠡᠨ᠂ ᠰᠡᠳᠬᠢᠯ ᠳ᠋ᠦ᠍ ᠳᠣᠲᠣᠨᠣ ᠨᠣᠮ ᠤ᠋ᠨ ᠦᠷᠭᠦᠭᠡᠨ ᠡᠴᠡ ᠢᠯᠡᠭᠦᠦ ᠲᠣᠮᠣ᠂ ᠢᠯᠡᠭᠦᠦ ᠭᠣᠶᠣᠮᠰᠣᠭ ᠣᠷᠳᠣᠨ ᠪᠣᠰᠬᠤ ᠪᠣᠯᠤᠯᠲᠠᠢ᠃ ᠶᠡᠬᠡ ᠠᠵᠢᠯ ᠵᠡᠷᠭᠡᠴᠡᠨ ᠣᠨᠳᠣᠷᠤᠯ᠎ᠠ᠃ ᠴᠠᠭ ᠦᠶ᠎ᠡ ᠭᠡᠳᠡᠭ ᠢᠮᠠᠭᠲᠠ ᠥᠭᠡᠷᠡᠴᠢᠯᠡᠭᠳᠡᠨ ᠪᠠᠢᠳᠠᠭ ᠵᠢᠮ᠎ᠡ ᠲᠡᠢ ᠠᠵᠢ᠃
   ※     
   ᠬᠠᠷᠠᠬᠣᠷᠣᠮ ᠤ᠋ᠨ ᠵᠠᠬ᠎ᠠ ᠳ᠋ᠤ᠌ ᠨᠢᠭᠡ ᠬᠥᠮᠦᠨ ᠢ᠋ ᠥᠨᠳᠥᠷ ᠱᠣᠩ ᠳ᠋ᠤ᠌ ᠳᠡᠭᠦᠵᠢᠯᠡᠭᠰᠡᠨ ᠨᠢ ᠬᠠᠮᠢᠭ᠎ᠠ ᠬᠣᠯᠠ ᠡᠴᠡ ᠬᠠᠷᠠᠭᠳᠠᠨ᠎ᠠ᠃ ᠣᠢᠷ᠎ᠠ ᠬᠠᠪᠢ ᠳ᠋ᠤᠨᠢ ᠬᠡᠭᠦᠷ ᠰᠡᠭ ᠲᠦ᠍ ᠴᠠᠳᠤᠭᠰᠠᠨ ᠬᠡᠷᠢᠶ᠎ᠡ ᠨᠦᠭᠦᠳ᠂  ᠨᠢᠰᠦᠯᠳᠦᠨ ᠮᠠᠭᠤᠬᠠᠢ ᠳᠤᠤᠭᠠᠷᠬᠤ ᠠᠵᠢ᠃ ᠬᠠᠵᠠᠭᠤ ᠪᠠᠷ ᠨᠢ ᠥᠩᠭᠡᠷᠡᠭᠰᠡᠨ ᠬᠥᠮᠦᠨ ᠪᠦᠬᠦᠨ ᠬᠠᠮᠠᠷ ᠠᠮᠠ ᠪᠠᠨ ᠳᠠᠷᠤᠨ ᠶᠠᠪᠤᠬᠤ ᠳ᠋ᠠᠭᠠᠨ ᠥᠪᠡᠷ ᠵᠠᠭᠤᠷ᠎ᠠ ᠪᠠᠨ᠂
   — ᠡᠨᠡ ᠮᠠᠭᠤ ᠠᠳᠤᠭᠤᠰᠤ ᠢᠩᠭᠢᠵᠦ ᠦᠬᠦᠬᠦ ᠳ᠋ᠡᠭᠡᠨ ᠲᠠᠭᠠᠷᠠᠭᠰᠠᠨ ᠠᠮᠢᠲᠠᠨ᠃
   — ᠦᠭᠡᠢ ᠳᠡ᠃
   — ᠬᠥᠭᠡᠷᠦᠬᠦᠢ ᠨᠢᠭᠡ ᠲᠠᠨᠤᠮᠠᠯ ᠬᠤᠳᠠᠯᠳᠤᠭᠠᠴᠢᠨ᠂ ᠬᠣᠷᠭᠣᠳᠠᠬᠤ ᠭᠠᠵᠠᠷ ᠣᠷᠣᠨ ᠬᠠᠢᠨ ᠶᠠᠪᠤᠭᠰᠠᠭᠠᠷ ᠡᠴᠦᠰ ᠲᠦ᠍ ᠨᠢ ᠡᠢᠮᠦ ᠦᠬᠦᠯ ᠦ᠋ᠨ ᠵᠠᠮ ᠢ᠋ ᠰᠣᠩᠭᠣᠬᠤ ᠤᠴᠢᠷ ᠲᠠᠢ ᠪᠠᠢᠵᠠᠢ᠃
   — ᠬᠠᠭᠠᠨ ᠡᠵᠡᠨ ᠥᠭᠡᠳᠡᠢ ᠶ᠋ᠢᠨ ᠰᠠᠢᠨ ᠰᠠᠢᠬᠠᠨ ᠠᠮᠢᠳᠤᠷᠠᠯ ᠢᠷᠡᠨ᠎ᠡ ᠭᠡᠮᠡᠨ ᠪᠡᠯᠭᠡᠳᠡᠨ ᠪᠣᠰᠬᠠᠭᠰᠠᠨ ᠡᠨᠡ ᠬᠣᠲᠠ ᠣᠳᠣ ᠬᠡᠭᠦᠷ ᠦ᠋ᠨ ᠭᠠᠵᠠᠷ ᠪᠣᠯᠬᠤ ᠨᠢ ᠳᠤᠲᠠᠵᠤ ᠭᠡᠨ᠎ᠡ᠃
   — ᠳᠠᠭᠤ ᠪᠠᠨ ᠲᠡᠳᠡ᠃ ᠬᠥᠮᠦᠨ ᠰᠣᠨᠣᠰᠴᠢᠬᠠᠨ᠎ᠠ ᠭᠡᠵᠦ ᠶᠠᠷᠢᠯᠴᠠᠨ ᠥᠩᠭᠡᠷᠡᠵᠦ ᠪᠠᠢᠯ᠎ᠠ᠃
   ᠡᠨᠡ ᠪᠣᠯ ᠳᠦᠷᠭᠡᠨ᠎ᠡ ᠬᠠᠲᠤᠨ ᠤ᠋ ᠨᠢᠭᠡᠨ ᠴᠠᠭ ᠤ᠋ᠨ ᠬᠠᠮᠲᠤᠷᠠᠭᠴᠢ ᠠᠪᠲᠤᠯ ᠷᠠᠬᠠᠮᠠᠨ ᠤ᠋ ᠬᠡᠭᠦᠷ ᠪᠠᠢᠪᠠ᠃ ᠲᠡᠷᠡ ᠥᠪᠡᠷ ᠦ᠋ᠨ ᠬᠢᠭᠰᠡᠨ ᠬᠡᠷᠡᠭ ᠦ᠋ᠨ ᠲᠥᠯᠥᠭᠡ ᠢᠩᠭᠢᠵᠦ ᠰᠢᠢᠳᠬᠡᠭᠦᠯᠵᠡᠢ᠃ ᠡᠨᠡ ᠶᠠᠪᠤᠳᠠᠯ ᠲᠦᠷᠭᠡᠨ᠎ᠡ ᠬᠠᠲᠤᠨ ᠤ᠋ ᠴᠢᠬᠢᠨ ᠳ᠋ᠦ᠍ ᠬᠦᠷᠦᠭᠰᠡᠨ ᠴᠤ᠌ ᠬᠠᠲᠤᠨ ᠲᠡᠭᠦᠨ ᠢ᠋ ᠥᠮᠥᠭᠯᠡᠭᠰᠡᠨ ᠦᠭᠡᠢ᠃ ᠤᠴᠢᠷ ᠨᠢ ᠠᠪᠳᠤᠯ ᠷᠠᠬᠠᠮᠠᠨ ᠤ᠋ ᠪᠤᠷᠤᠭᠤ ᠡᠴᠡ ᠪᠣᠯᠵᠤ᠂ ᠲᠥᠷᠥ ᠶ᠋ᠢᠨ ᠬᠡᠷᠡᠭ ᠢ᠋ ᠬᠥᠲᠥᠯᠦᠨ ᠶᠠᠪᠤᠭᠤᠯᠬᠤ ᠳ᠋ᠠᠭᠠᠨ ᠭᠠᠷᠭᠠᠭᠰᠠᠨ ᠣᠯᠠᠨ ᠠᠯᠳᠠᠭ᠎ᠠ ᠭᠡᠮ ᠢ᠋ᠶ᠋ᠡᠨ ᠲᠡᠷᠡ ᠪᠡᠷ ᠣᠢᠯᠠᠭᠠᠵᠤ ᠪᠠᠢᠭᠰᠠᠨ ᠲᠤᠯᠠ ᠬᠥᠶᠦᠭ ᠲᠦ᠍ ᠵᠠᠷᠭᠤ ᠮᠡᠳᠡᠭᠦᠯᠦᠭᠰᠡᠨ ᠦᠭᠡᠢ ᠥᠩᠭᠡᠷᠡᠵᠡᠢ᠃ ᠭᠡᠪᠡᠴᠦ ᠳᠠᠷᠠᠭ᠎ᠠ ᠳᠠᠷᠠᠭ᠎ᠠ ᠶ᠋ᠢᠨ ᠡᠳᠦᠷ ᠦ᠋ᠳ ᠲᠦ᠍ ᠡᠨᠡ ᠮᠡᠲᠦ ᠬᠡᠷᠡᠭ ᠳᠠᠪᠲᠠᠭᠳᠠᠨ ᠲᠦᠷᠭᠡᠨ᠎ᠡ ᠶ᠋ᠢᠨ ᠲᠥᠷᠥ ᠪᠠᠷᠢᠵᠤ ᠪᠠᠢᠬᠤ ᠬᠤᠭᠤᠴᠠᠭᠠᠨ ᠳ᠋ᠤ᠌ ᠲᠣᠮᠢᠯᠠᠨ ᠰᠠᠭᠤᠯᠭᠠᠭᠰᠠᠨ ᠰᠠᠢᠳ ᠲᠦᠰᠢᠮᠡᠳ ᠢ᠋ ᠡᠭᠡᠯᠵᠢ ᠳᠠᠷᠠᠭ᠎ᠠ ᠪᠠᠷ ᠬᠠᠷᠭᠢᠰᠯᠠᠨ ᠠᠯᠠᠵᠤ ᠪᠠᠢᠭ᠎ᠠ ᠶ᠋ᠢ ᠰᠣᠨᠣᠰᠤᠭᠠᠳ ᠬᠠᠲᠤᠨ ᠲᠡᠰᠬᠡᠯ ᠠᠯᠳᠠᠷᠠᠨ ᠬᠦᠦ ᠶ᠋ᠢᠨ ᠢ᠋ᠶ᠋ᠡᠨ ᠥᠷᠭᠥᠭᠡ ᠶ᠋ᠢ ᠵᠣᠷᠢᠯ᠎ᠠ᠃ 
   ᠲᠣᠭᠣᠰ ᠤ᠋ᠨ ᠥᠳᠥ ᠪᠣᠭᠲᠣ ᠳᠡᠭᠡᠷ᠎ᠡ ᠪᠡᠨ ᠬᠠᠳᠬᠤᠵᠤ᠂ ᠠᠯᠲᠠᠨ ᠡᠮᠵᠢᠶᠡᠷᠢ ᠲᠡᠢ ᠳᠡᠪᠡᠯ ᠡᠮᠦᠰᠦᠨ ᠴᠢᠬᠢᠨ ᠳ᠋ᠡᠭᠡᠨ ᠤᠷᠲᠤ ᠭᠡᠭᠴᠢ ᠶ᠋ᠢᠨ ᠠᠯᠲᠠᠨ ᠤᠨᠵᠢᠯᠭᠠᠲᠤ ᠡᠭᠡᠮᠦᠭ ᠣᠢᠷᠠᠲᠤᠭᠤᠯᠤᠨ ᠵᠡᠭᠦᠬᠦ ᠭᠡᠵᠦ ᠪᠠᠢᠭᠠᠳ ᠭᠠᠵᠠᠷ ᠲᠤ ᠬᠡᠪᠢᠰᠦᠨ ᠳᠡᠭᠡᠷ᠎ᠡ ᠤᠨᠠᠭᠠᠨ ᠰᠢᠪᠡᠭᠴᠢᠨ ᠢ᠋ᠶ᠋ᠡᠨ ᠢᠰᠬᠦᠯᠦᠨ ᠠᠪᠬᠠᠭᠤᠯᠵᠤ ᠪᠠᠢᠭ᠎ᠠ ᠬᠠᠲᠤᠨ ᠭᠠᠷ ᠲᠠᠭᠠᠨ ᠪᠠᠷᠢᠭᠰᠠᠨ ᠡᠭᠡᠮᠦᠭ ᠢ᠋ᠶ᠋ᠡᠨ ᠴᠢᠬᠢᠨ ᠳ᠋ᠡᠭᠡᠨ ᠵᠡᠭᠦᠬᠦ ᠵᠠᠭᠤᠷ᠎ᠠ ᠳ᠋ᠤ᠌ ᠰᠢᠷᠡᠭᠡᠨ ᠳᠡᠭᠡᠷ᠎ᠡ ᠪᠠᠢᠬᠤ ᠰᠠᠷᠬᠤᠳ ᠢ᠋ ᠠᠪᠤᠨ ᠠᠮᠠ ᠤᠷᠤᠭᠤ ᠪᠠᠨ ᠣᠢᠷᠠᠲᠤᠭᠤᠯᠤᠨ ᠤᠤᠭᠤᠬᠤ ᠭᠡᠵᠦ ᠪᠠᠢᠭ᠎ᠠ ᠭᠦᠶᠦᠭ ᠬᠠᠭᠠᠨ ᠤ᠋ ᠭᠠᠷ ᠡᠴᠡ ᠰᠢᠭᠦᠷᠡᠨ ᠠᠪᠤᠯ᠎ᠠ᠃ ᠲᠡᠷᠡ ᠪᠡᠷ ᠬᠠᠭᠠᠨ ᠡᠵᠡᠨ ᠡᠴᠡ᠂   
     — ᠰᠠᠷᠬᠤᠳ ᠳᠠᠭᠠᠯᠠᠬᠤ ᠰᠢᠯᠲᠠᠭ ᠪᠠᠢᠨ᠎ᠠ ᠤᠤ ᠭᠡᠮᠡᠨ ᠠᠰᠠᠭᠤᠪᠠ᠃ ᠡᠨᠡ ᠪᠣᠯ ᠭᠦᠶᠦᠭ ᠦ᠋ᠨ ᠬᠠᠲᠤᠨ ᠤᠭᠤᠯ ᠬᠠᠢᠮᠢᠱ ᠪᠠᠢᠪᠠ᠃ ᠲᠡᠷᠡ ᠡᠷᠡᠰ ᠰᠢᠯᠤᠭᠤᠬᠠᠨ ᠦᠭᠡ ᠲᠡᠢ ᠨᠢᠭᠡᠨ᠃ ᠬᠥᠶᠦᠭ ᠬᠠᠭᠠᠨ ᠭᠠᠢᠬᠠᠰᠬᠢᠨ ᠬᠠᠲᠤᠨ ᠢ᠋ᠶ᠋ᠠᠨ ᠬᠠᠷᠠᠭᠠᠳ᠂   
   — ᠰᠠᠷᠬᠤᠳ ᠳᠠᠭᠠᠯᠠᠬᠤ ᠳ᠋ᠤ᠌ ᠰᠢᠯᠲᠠᠭ ᠬᠡᠷᠡᠭ ᠲᠡᠢ ᠤᠤ ᠭᠡᠵᠦ ᠠᠰᠠᠭᠤᠪᠠ᠃ 
   — ᠲᠡᠢᠮᠦ ᠠ᠋᠃ ᠰᠢᠯᠲᠠᠭ ᠬᠡᠷᠡᠭ ᠲᠡᠢ ᠪᠤᠰᠤ ᠤᠤ? ᠨᠢᠭᠡᠨ ᠴᠠᠭ ᠲᠤ ᠬᠠᠭᠠᠨ ᠡᠵᠡᠨ ᠥᠭᠡᠳᠡᠢ ᠰᠠᠷᠬᠤᠳ ᠲᠠᠭᠠᠯᠠᠨ ᠰᠠᠭᠤᠬᠤ ᠪᠣᠯᠤᠭᠰᠠᠨ ᠨᠢ ᠴᠠᠭᠠᠨ᠎ᠠ ᠪᠠᠨ ᠶᠠᠮᠠᠷ ᠨᠢᠭᠡᠨ ᠰᠢᠯᠲᠠᠭᠠᠨ ᠲᠠᠢ ᠪᠠᠢᠭᠰᠠᠨ ᠭᠡᠳᠡᠭ ᠢ᠋ ᠮᠡᠳᠡᠳᠡᠭ ᠦᠭᠡᠢ ᠶᠤᠮ ᠣᠤ?   
   — ᠶᠠᠮᠠᠷ ᠰᠢᠯᠲᠠᠭᠠᠨ?   
   — ᠵᠣᠪᠠᠯᠠᠩ᠃ 
   — ᠶᠠᠮᠠᠷ ᠵᠣᠪᠠᠯᠠᠩ?   
   — ᠴᠣᠬᠣᠮ ᠶᠠᠮᠠᠷ ᠢ᠋ ᠬᠡᠯᠡᠵᠦ ᠰᠠᠢᠨ ᠮᠡᠳᠡᠬᠦ ᠦᠭᠡᠢ ᠴᠦ᠍ ᠦᠨᠡᠨ ᠳ᠋ᠡᠭᠡᠨ ᠪᠣᠯ ᠬᠠᠭᠠᠨ ᠡᠵᠡᠨ ᠳ᠋ᠦ᠍ ᠶᠡᠬᠡ ᠰᠢᠯᠲᠠᠭ ᠪᠠᠢᠭᠰᠠᠨ ᠲᠤᠯᠠ ᠲᠡᠷᠡ ᠪᠣᠷᠣ ᠳᠠᠷᠠᠰᠤ ᠶ᠋ᠢ ᠪᠠᠭ᠎ᠠ ᠪᠠᠭ᠎ᠠ ᠪᠠᠷ ᠤᠤᠭᠤᠵᠤ᠂ ᠳᠠᠷᠠᠭ᠎ᠠ ᠨᠢ ᠤᠯᠠᠮ ᠰᠢᠨᠤᠭᠯᠠᠬᠤ ᠪᠣᠯᠤᠭᠰᠠᠨ ᠪᠣᠯᠪᠠ ᠤᠤ ᠭᠡᠵᠦ ᠪᠣᠳᠣᠭᠳᠠᠨ᠎ᠠ᠃ ᠲᠡᠢᠮᠦ ᠡᠴᠡ ᠬᠠᠭᠠᠨᠲᠠᠨ ᠲᠠ ᠶᠠᠮᠠᠷ ᠨᠢᠭᠡᠨ ᠵᠣᠪᠠᠯᠠᠩ ᠪᠠᠢᠯ᠎ᠠ ᠴᠤ᠌ ᠲᠡᠭᠦᠨ ᠢ᠋ ᠪᠡᠨ ᠲᠡᠪᠴᠢᠨ᠂ ᠪᠣᠷᠣ ᠳᠡᠷᠡᠰᠦᠨ ᠳ᠋ᠦ᠍ ᠳᠤᠷᠠᠯᠠᠬᠤ ᠦᠭᠡᠢ ᠪᠠᠢᠪᠠᠯ ᠰᠠᠢᠨ ᠰᠠᠨ ᠭᠡᠮᠡᠨ ᠨᠡᠮᠡᠵᠦ ᠬᠡᠯᠡᠪᠡ᠃ 
   ᠤᠭᠤᠯ ᠬᠠᠢᠮᠢᠱ ᠬᠠᠲᠤᠨ ᠬᠤᠨᠳᠠᠭ᠎ᠠ ᠲᠠᠢ ᠳᠠᠷᠠᠰᠤ ᠶ᠋ᠢ ᠰᠢᠷᠡᠭᠡᠨ ᠳᠡᠭᠡᠷ᠎ᠡ ᠪᠤᠴᠠᠭᠠᠨ ᠲᠠᠯᠪᠢᠬᠤ ᠶ᠋ᠢ ᠬᠠᠷᠠᠨ ᠭᠦᠶᠦᠭ ᠬᠠᠭᠠᠨ《ᠦᠨᠡᠨ ᠳ᠋ᠡᠭᠡᠨ ᠬᠠᠭᠠᠨ ᠡᠴᠢᠭᠡ ᠮᠢᠨᠢ ᠪᠣᠷᠣ ᠳᠡᠷᠡᠰᠦᠨ ᠳ᠋ᠦ᠍ ᠰᠢᠨᠤᠭᠯᠠᠨ ᠣᠷᠣᠭᠰᠠᠨ ᠨᠢ ᠲᠡᠭᠦᠨ ᠳ᠋ᠦ᠍ ᠶᠠᠮᠠᠷ ᠨᠢᠭᠡᠨ ᠰᠡᠳᠬᠢᠯ ᠦ᠋ᠨ ᠵᠣᠪᠠᠯᠠᠩ ᠪᠠᠢᠭᠰᠠᠨ ᠬᠡᠷᠡᠭ ᠪᠢᠵᠡ᠂ ᠬᠠᠷᠢᠨ ᠥᠨᠥ ᠪᠢ ᠰᠡᠳᠬᠢᠯ ᠴᠢᠯᠡᠭᠡᠬᠦ ᠵᠣᠪᠠᠯᠠᠩ ᠦᠭᠡᠢ ᠠᠲᠠᠯ᠎ᠠ ᠪᠣᠷᠣ ᠳᠠᠷᠠᠰᠤ ᠬᠦᠷᠲᠡᠨ ᠰᠠᠭᠤᠬᠤ ᠶ᠋ᠢᠨ ᠬᠡᠷᠡᠭ ᠶᠠᠭᠤᠨ᠃ ᠬᠠᠲᠤᠨ ᠤ᠋ ᠬᠡᠯᠡᠳᠡᠭ ᠵᠥᠪ》 ᠭᠡᠮᠡᠨ ᠪᠣᠳᠣᠯ᠎ᠠ᠃ ᠡᠨᠡ ᠦᠶ᠎ᠡ ᠳ᠋ᠦ᠍ ᠭᠠᠳᠠᠨ᠎ᠠ ᠡᠴᠡ ᠲᠦᠷᠭᠡᠨ᠎ᠡ ᠬᠠᠲᠤᠨ ᠣᠷᠣᠵᠤ ᠢᠷᠡᠪᠡ᠃ 
   — ᠨᠠᠰᠤ ᠶᠠᠪᠤᠵᠤ᠂ ᠤᠬᠠᠭᠠᠨ ᠰᠠᠭᠤᠬᠤ ᠲᠣᠰᠤᠮ ᠬᠣᠷᠸ᠎ᠠ ᠶ᠋ᠢᠨ ᠦᠨᠡᠨ ᠨᠢᠳᠦᠨ ᠦ᠌ ᠡᠮᠦᠨ᠎ᠡ ᠲᠠᠯᠪᠢᠭᠳᠠᠨ᠂ ᠦᠷ᠎ᠡ ᠬᠡᠦᠬᠡᠳ ᠦ᠋ᠳ ᠲᠡᠭᠡᠨ ᠭᠡᠰᠡᠨ ᠰᠡᠳᠬᠢᠯ ᠠᠮᠤᠷᠯᠢᠨ ᠢᠷᠡᠵᠦ ᠪᠠᠢᠬᠤ ᠳ᠋ᠤ᠌ ᠴᠢ ᠡᠬᠡ ᠶ᠋ᠢᠨ ᠢ᠋ᠶ᠋ᠡᠨ ᠢᠲᠡᠭᠡᠯ ᠢ᠋ ᠳᠠᠭᠠᠭᠠᠬᠤ ᠦᠭᠡᠢ ᠬᠠᠭᠠᠨ ᠣᠷᠣ ᠰᠠᠭᠤᠭᠠᠳ ᠰᠠᠷ᠎ᠠ ᠪᠣᠯᠪᠠ ᠤᠤ ᠦᠭᠡᠢ ᠤᠤ᠂ ᠣᠯᠠᠨ ᠲᠦᠮᠡᠨ ᠢ᠋ ᠠᠶᠤᠯᠭᠠᠨ ᠮᠡᠭᠳᠡᠭᠦᠯᠵᠦ᠂ ᠰᠠᠢᠳ ᠲᠦᠰᠢᠮᠡᠳ ᠢ᠋ ᠴᠠᠭᠠᠵᠠᠯᠠᠨ ᠬᠣᠷᠣᠭᠠᠵᠤ ᠬᠠᠷᠠᠬᠣᠷᠣᠮ ᠢ᠋ ᠦᠬᠦᠭᠡᠷ ᠦ᠋ᠨ ᠭᠠᠵᠠᠷ ᠪᠣᠯᠭᠠᠬᠤ ᠴᠢᠨᠢ ᠶᠠᠭᠤ ᠪᠢᠯᠡ ᠭᠡᠵᠦ ᠠᠰᠠᠭᠤᠪᠠ᠃ 
   ᠲᠦᠷᠭᠡᠨ᠎ᠡ ᠬᠠᠲᠤᠨ ᠤ᠋ ᠨᠢᠭᠤᠷ ᠨᠢ ᠮᠢᠨᠴᠢᠢᠨ ᠤᠯᠠᠢᠵᠠᠢ᠃ 
   — ᠬᠠᠲᠤᠨ ᠡᠬᠡ᠂ ᠲᠠ ᠣᠳᠣ ᠪᠣᠯᠲᠠᠯ᠎ᠠ ᠨᠠᠳᠠ ᠳ᠋ᠤ᠌ ᠹᠠᠲ᠋ᠢᠮᠠ ᠶ᠋ᠢ ᠥᠭᠬᠦ ᠦᠭᠡᠢ ᠪᠠᠢᠭ᠎ᠠ ᠶ᠋ᠢᠨ ᠰᠢᠯᠲᠠᠭᠠᠨ ᠢ᠋ ᠬᠠᠷᠢᠨ ᠠᠰᠠᠭᠤᠮᠠᠷ ᠪᠠᠢᠨ᠎ᠠ᠃ ᠲᠡᠷᠡ ᠡᠮ᠎ᠡ ᠶ᠋ᠢᠨ ᠭᠠᠢ ᠪᠠᠷ ᠭᠡᠮ ᠦᠭᠡᠢ ᠣᠯᠠᠨ ᠬᠥᠮᠦᠨ ᠦᠬᠦᠵᠦ ᠦᠷᠡᠭᠳᠡᠭᠡᠳ ᠪᠠᠢᠬᠤ ᠳ᠋ᠤ᠌ ᠲᠠ ᠥᠨᠥ ᠶ᠋ᠢ ᠬᠦᠷᠲᠡᠯ᠎ᠡ ᠬᠠᠭᠠᠴᠠᠢᠯᠠᠨ ᠰᠠᠭᠤᠭ᠎ᠠ ᠶ᠋ᠢᠨ ᠤᠴᠢᠷ ᠢ᠋ ᠨᠠᠳᠠ ᠳ᠋ᠤ᠌ ᠲᠠᠢᠯᠪᠤᠷᠢᠯᠠᠨ ᠬᠡᠯᠡᠨ᠎ᠡ ᠪᠤᠰᠤ ᠤᠤ?   
   — ᠪᠢ ᠴᠢᠮ᠎ᠠ ᠡᠴᠡ ᠠᠰᠠᠭᠤᠭᠰᠠᠨ ᠠᠰᠠᠭᠤᠯᠲᠠ ᠶ᠋ᠢᠨ ᠢ᠋ᠶ᠋ᠡᠨ ᠬᠠᠷᠢᠭᠤ ᠶ᠋ᠢ ᠠᠪᠤᠮᠠᠷ ᠪᠠᠢᠨ᠎ᠠ᠃ ᠡᠨᠡ ᠪᠦᠬᠦᠨ ᠴᠢᠨᠢ ᠬᠡᠵᠢᠶ᠎ᠡ ᠵᠣᠭᠰᠣᠬᠤ ᠶᠤᠮ ᠪᠣᠢ?   
   — ᠬᠠᠲᠤᠨ ᠡᠬᠡ ᠮᠢᠨᠢ᠂ ᠬᠠᠭᠠᠨᠲᠤ ᠲᠥᠷᠥ ᠶ᠋ᠢᠨ ᠡᠰᠡᠷᠭᠦ ᠪᠣᠰᠤᠭᠰᠠᠨ ᠪᠦᠬᠦᠨ ᠢ᠋ ᠳᠠᠷᠤᠵᠤ ᠪᠠᠢᠵᠤ ᠵᠣᠭᠰᠣᠭᠠᠬᠤ ᠪᠣᠳᠣᠯ ᠲᠠᠢ ᠪᠠᠢᠨ᠎ᠠ᠃ 
   — ᠡᠨᠡ ᠪᠦᠬᠦᠨ ᠴᠢᠨᠢ ᠬᠢᠷᠢ ᠡᠴᠡ ᠬᠡᠲᠦᠷᠡᠵᠦ ᠪᠠᠢᠨ᠎ᠠ ᠭᠡᠳᠡᠭ ᠢ᠋ ᠰᠠᠨᠠᠭᠤᠯᠤᠨ ᠬᠡᠯᠡᠬᠦ ᠭᠡᠵᠦ ᠢᠷᠡᠯ᠎ᠡ ᠭᠡᠪᠡ᠃ 
   —  ᠬᠠᠲᠤᠨ ᠡᠬᠡ ᠮᠢᠨᠢ ᠪᠢ ᠪᠣᠯ ᠣᠯᠠᠨ ᠤ᠋ ᠨᠢᠳᠦᠨ ᠳᠡᠭᠡᠷ᠎ᠡ ᠪᠤᠷᠤᠭᠤᠲᠠᠢ ᠡᠲᠡᠭᠡᠳ ᠦ᠋ᠳ ᠢ᠋ ᠰᠢᠭᠦᠵᠦ ᠪᠠᠢᠭ᠎ᠠ᠃ ᠬᠠᠷᠢᠨ ᠲᠠᠨ ᠤ᠋ ᠠᠯᠪᠠᠲᠤ ᠨᠤᠭᠤᠳ ᠨᠢᠳᠦᠨ ᠡᠴᠡ ᠳᠠᠯᠳᠠ ᠬᠡᠴᠢᠨᠡᠨ ᠬᠥᠮᠦᠨ ᠢ᠋ ᠬᠣᠷᠣᠭᠠᠭᠰᠠᠨ ᠪᠣᠯᠬᠤ ᠶ᠋ᠢ ᠲᠠ ᠲᠣᠭᠠᠯᠠᠵᠤ ᠮᠡᠳᠡᠭᠰᠡᠨ ᠤᠤ? ᠭᠡᠮᠡᠨ ᠬᠥᠶᠦᠭ ᠬᠠᠲᠤᠨ ᠡᠬᠡ ᠡᠴᠡ ᠪᠡᠨ ᠠᠰᠠᠭᠤᠯ᠎ᠠ᠃ ᠲᠡᠭᠦᠨ ᠳ᠋ᠦ᠍ ᠬᠡᠯᠡᠬᠦ ᠦᠭᠡ ᠦᠨᠡᠨ ᠳ᠋ᠡᠭᠡᠨ ᠪᠠᠢᠭᠰᠠᠨ ᠦᠭᠡᠢ ᠲᠤᠯᠠ᠂   
   — ᠴᠢ ᠥᠪᠡᠷ ᠦ᠋ᠨ ᠵᠥᠪ ᠭᠡᠳᠡᠭ ᠲᠡᠭᠡᠨ ᠥᠨᠥᠳᠥᠷ ᠥᠴᠦᠬᠡᠨ ᠴᠦ᠍ ᠡᠷᠡᠭᠡᠯᠵᠡᠬᠦ ᠦᠭᠡᠢ ᠪᠠᠢᠪᠠᠴᠤ ᠥᠨᠥ ᠬᠣᠵᠢᠮ ᠬᠠᠷᠠᠮᠰᠠᠬᠤ ᠶᠠᠭᠤᠮ᠎ᠠ ᠪᠢᠲᠡᠭᠡᠢ ᠬᠢᠭᠡᠷᠡᠢ᠂ ᠬᠠᠷᠢᠨ ᠨᠠᠳᠠᠳᠤ ᠴᠢᠮ᠎ᠠ ᠡᠴᠡ ᠭᠤᠶᠤᠬᠤ ᠭᠠᠭᠴᠠᠬᠠᠨ ᠭᠤᠶᠤᠯᠲᠠ ᠪᠠᠢᠨ᠎ᠠ ᠭᠡᠪᠡ᠃ 
   — ᠬᠡᠯᠡᠵᠦ ᠬᠠᠢᠷᠠᠯᠠ᠃ 
   — ᠨᠠᠳᠠ ᠡᠴᠡ ᠹᠡ᠊ᠲ᠋ᠢᠮᠡ ᠶ᠋ᠢ ᠪᠢᠲᠡᠭᠡᠢ  ᠠᠪᠤᠭᠠᠴᠢ᠂ ᠭᠤᠶᠤᠵᠤ ᠪᠠᠢᠨ᠎ᠠ᠃ 
     — ᠡᠬᠡ ᠮᠢᠨᠢ ᠲᠠᠨ ᠤ᠋ ᠨᠡᠷ᠎ᠡ ᠪᠡᠷ ᠲᠦᠷᠦᠭᠦᠦ ᠪᠠᠷᠢᠵᠤ᠂ ᠠᠯᠠᠵᠤ ᠲᠡᠯᠡᠵᠦ᠂ ᠨᠢᠳᠦᠨ ᠦ᠌ ᠴᠢᠨᠢ ᠳᠠᠯᠳᠠ ᠲᠥᠷᠥ ᠶ᠋ᠢ ᠰᠠᠮᠠᠭᠤᠷᠠᠭᠤᠯᠵᠤ ᠪᠠᠢᠭᠰᠠᠨ ᠲᠡᠷᠡ ᠡᠮ᠎ᠡ ᠪᠣᠯ ᠥᠨᠥ ᠨᠠᠳᠠ ᠳ᠋ᠤ᠌ ᠬᠥᠮᠦᠨ ᠪᠢᠰᠢ ᠰᠢᠮᠨᠤ ᠰᠠᠨᠠᠭᠳᠠᠨ᠎ᠠ᠃ ᠲᠡᠢᠮᠦ ᠶ᠋ᠢᠨ ᠲᠤᠯᠠ ᠡᠷᠡᠭᠦᠳᠡᠨ ᠰᠢᠭᠦᠵᠦ᠂ ᠬᠢᠭᠰᠡᠨ ᠬᠡᠷᠡᠭ ᠢ᠋ ᠨᠢ ᠬᠦᠯᠢᠶᠡᠯᠭᠡᠬᠦ ᠪᠣᠳᠣᠯ ᠲᠠᠢ ᠪᠠᠢᠨ᠎ᠠ ᠬᠡᠮᠡᠪᠡ᠃ 
   — ᠶᠠᠭᠤ ᠶ᠋ᠢ ᠬᠢᠬᠦ ᠨᠢ ᠬᠠᠭᠠᠨ ᠡᠵᠡᠨ ᠦ᠌ ᠬᠡᠷᠡᠭ ᠴᠦ᠍ ᠨᠠᠰᠤ ᠥᠨᠳᠥᠷ ᠡᠬᠡ ᠶ᠋ᠢ ᠪᠡᠨ ᠪᠣᠳᠣᠭᠠᠳ ᠡᠨᠡ ᠤᠳᠠᠭ᠎ᠠ ᠳ᠋ᠤ᠌  ᠹᠡ᠊ᠲ᠋ᠢᠮᠡ ᠶ᠋ᠢ ᠵᠦᠭᠡᠷ ᠥᠩᠭᠡᠷᠡᠭᠡᠪᠡᠯ ᠡᠬᠡ ᠴᠢᠨᠢ ᠰᠠᠨᠠᠭ᠎ᠠ ᠠᠮᠤᠷ ᠰᠠᠭᠤᠬᠤ ᠰᠠᠨ ᠭᠡᠵᠦ ᠬᠡᠯᠡᠭᠡᠳ ᠲᠦᠷᠭᠡᠨ᠎ᠡ ᠬᠠᠲᠤᠨ ᠬᠠᠭᠠᠨ ᠤ᠋ ᠦᠷᠭᠦᠭᠡᠨ ᠡᠴᠡ ᠭᠠᠷᠴᠤ ᠶᠠᠪᠤᠯ᠎ᠠ᠃ 
   ᠡᠨᠡ ᠡᠳᠦᠷ ᠡᠴᠡ ᠬᠣᠢᠰᠢ ᠬᠡᠳᠦ ᠬᠣᠨᠣᠭ ᠬᠥᠶᠦᠭ ᠬᠠᠭᠠᠨ ᠲᠦᠷᠭᠡᠨ᠎ᠡ ᠬᠠᠲᠤᠨ ᠡᠴᠡ ᠹᠡ᠊ᠲ᠋ᠢᠮᠡ ᠶ᠋ᠢ ᠨᠡᠬᠡᠭᠰᠡᠨ ᠦᠭᠡᠢ ᠥᠩᠭᠡᠷᠡᠯ᠎ᠡ᠃ ᠠᠱ᠌ᠢᠭᠦᠢ ᠡᠬᠡ ᠶ᠋ᠢᠨ ᠦᠭᠡᠨ ᠳ᠋ᠦ᠍ ᠣᠷᠣᠵᠤ᠂ ᠨᠠᠰᠤ ᠥᠨᠳᠥᠷ ᠪᠣᠯᠤᠭᠰᠠᠨ ᠡᠵᠢ ᠪᠡᠨ ᠵᠢᠷᠭᠠᠯ ᠵᠣᠪᠠᠯᠠᠩ ᠢ᠋ᠶ᠋ᠠᠨ ᠬᠡᠯᠡᠯᠴᠡᠨ ᠰᠠᠭᠤᠬᠤ ᠬᠥᠮᠦᠨ ᠲᠡᠢ ᠦᠯᠡᠳᠡᠭᠡᠵᠦ ᠪᠣᠢ ᠨᠢ ᠰᠠᠢᠨ ᠬᠡᠷᠡᠭ ᠭᠡᠵᠦ ᠰᠡᠳᠬᠢᠯ ᠲᠠᠢᠪᠤᠰᠢᠷᠠᠪᠠ᠃ ᠭᠡᠪᠡᠴᠦ ᠲᠤᠩ ᠤᠳᠠᠯ ᠦᠭᠡᠢ ᠬᠠᠲᠤᠨ ᠤ᠋ ᠦᠷᠭᠦᠭᠡᠨ ᠦ᠌ ᠣᠷᠴᠢᠮ ᠨᠢᠭᠡᠨ ᠰᠥᠨᠢ ᠹᠡ᠊ᠲ᠋ᠢᠮᠡ ᠣᠷᠣ ᠰᠤᠷᠠᠭ ᠦᠭᠡᠢ ᠠᠯᠠᠭ᠎ᠠ ᠪᠣᠯᠵᠠᠢ᠃ ᠬᠠᠲᠤᠨ ᠡᠬᠡ ᠠᠷᠠᠢ ᠴᠤ᠌ ᠬᠦᠦ ᠪᠡᠨ ᠹᠡᠲ᠋ᠢᠮᠡ ᠶ᠋ᠢ ᠬᠤᠯᠠᠭᠠᠢᠯᠠᠭᠰᠠᠨ ᠭᠡᠵᠦ ᠪᠣᠳᠣᠭᠰᠠᠨ ᠦᠭᠡᠢ ᠲᠤᠯᠠ ᠳᠠᠬᠢᠨ ᠬᠡᠳᠦ ᠬᠣᠨᠣᠭ ᠬᠦᠯᠢᠶᠡᠯ᠎ᠡ᠃ ᠭᠡᠪᠡᠴᠦ ᠹᠡ᠊ᠲ᠋ᠢᠮᠡ ᠶ᠋ᠢᠨ ᠳᠦᠷᠢ ᠲᠦᠷᠭᠡᠨ᠎ᠡ ᠬᠠᠲᠤᠨ ᠤ᠋ ᠡᠮᠦᠨ᠎ᠡ ᠳᠠᠬᠢᠨ ᠬᠠᠷᠠᠭᠳᠠᠭᠰᠠᠨ ᠦᠭᠡᠢ᠃ ᠡᠨᠡ ᠠᠢᠳᠠᠰᠲᠤ  ᠡᠳᠦᠷ ᠦ᠋ᠳ ᠦ᠋ᠨ ᠳᠤᠮᠳᠠᠭᠤᠷ ᠲᠦᠷᠭᠡᠨ᠎ᠡ ᠬᠠᠲᠤᠨ ᠤ᠋ ᠥᠭᠡᠷ᠎ᠡ ᠨᠢᠭᠡ ᠰᠢᠪᠡᠭᠴᠢᠨ ᠨᠢ ᠠᠮᠤ ᠠᠶᠤᠵᠤ ᠰᠠᠨᠳᠤᠷᠤᠭᠰᠠᠨ ᠪᠠᠢᠳᠠᠯ ᠲᠠᠢ ᠭᠠᠳᠠᠨ᠎ᠠ ᠡᠴᠡ ᠣᠷᠣᠵᠤ ᠢᠷᠡᠨ ᠬᠠᠲᠤᠨ ᠤ᠋ ᠡᠮᠦᠨ᠎ᠡ ᠰᠥᠭᠥᠳᠦᠨ ᠰᠠᠭᠤᠭᠠᠳ᠂ 
   — ᠹᠠᠲ᠋ᠢᠮᠠ ᠶ᠋ᠢ ᠡᠷᠡᠭᠦᠳᠡᠨ ᠰᠢᠭᠦᠵᠦ ᠪᠠᠢᠨ᠎ᠠ ᠭᠡᠵᠦ ᠬᠡᠯᠡᠯ᠎ᠡ᠃ 
   — ᠠᠷᠠᠢ ᠴᠤ᠌ ᠬᠦᠦ ᠮᠢᠨᠢ ᠪᠢᠰᠢ ᠪᠠᠢᠯᠭᠦᠢ ᠭᠡᠵᠦ ᠪᠣᠳᠣᠵᠤ ᠪᠠᠢᠭᠰᠠᠨ ᠬᠠᠲᠤᠨ ᠬᠡᠨ ᠲᠡᠢᠮᠦ ᠰᠢᠢᠳᠪᠦᠷᠢ ᠭᠠᠷᠭᠠᠭᠰᠠᠨ ᠪᠣᠯᠬᠤ ᠶ᠋ᠢ ᠡᠷᠢᠵᠦ ᠣᠯᠬᠤ ᠪᠠᠷ ᠭᠢᠨᠳᠠᠨ ᠳ᠋ᠤ᠌ ᠬᠦᠷᠴᠦ ᠣᠴᠢᠯ᠎ᠠ᠃ ᠹᠠᠲ᠋ᠢᠮᠠ ᠶ᠋ᠢ ᠳᠥᠷᠪᠡᠨ ᠮᠥᠴᠢ ᠡᠴᠡ ᠨᠢ ᠬᠦᠯᠢᠵᠡᠢ᠃ ᠬᠠᠮᠤᠭ ᠪᠡᠶ᠎ᠡ ᠨᠢ ᠲᠦᠯᠡᠭᠳᠡᠵᠦ ᠬᠠᠷᠠᠯᠠᠭᠰᠠᠨ ᠪᠠᠢᠪᠠ᠃ ᠲᠡᠭᠦᠨ ᠢ᠋ ᠤᠯᠠᠢᠳᠠᠭᠰᠠᠨ ᠲᠡᠮᠦᠷ ᠢ᠋ᠶ᠋ᠡᠷ ᠣᠯᠠᠨ ᠤᠳᠠᠭ᠎ᠠ ᠬᠠᠭᠠᠷᠢᠭᠰᠠᠨ ᠪᠣᠯᠤᠯᠲᠠᠢ᠃ ᠹᠠᠲ᠋ᠢᠮᠠ ᠤᠬᠠᠭᠠᠨ ᠪᠠᠯᠠᠷᠳᠠᠭᠰᠠᠨ ᠪᠠᠢᠭᠰᠠᠨ ᠴᠤ᠌ ᠬᠠᠲᠤᠨ ᠤ᠋ ᠳᠠᠭᠤᠨ ᠢ᠋ᠶ᠋ᠠᠷ ᠰᠠᠶᠢ ᠨᠢᠭᠡ ᠤᠬᠠᠭᠠᠨ ᠣᠷᠣᠬᠤ ᠲᠠᠢ ᠦᠭᠡᠢ ᠲᠡᠢ ᠪᠣᠯᠵᠤ᠂ 
     — ᠬᠠᠲᠤᠨ ᠲᠠᠨ ᠳ᠋ᠠᠭᠠᠨ ᠦᠨᠡᠨᠴᠢ ᠪᠠᠢᠵᠤ ᠴᠢᠳᠠᠭᠰᠠᠨ ᠦᠭᠡᠢ ᠶ᠋ᠢ ᠮᠢᠨᠢ ᠥᠷᠥᠰᠢᠶᠡ᠃ ᠤᠯᠠᠢᠳᠠᠭᠰᠠᠨ ᠲᠡᠮᠦᠷ ᠢ᠋ᠶ᠋ᠡᠷ ᠬᠠᠮᠤᠭ ᠪᠡᠶ᠎ᠡ ᠶ᠋ᠢ ᠮᠢᠨᠢ ᠬᠠᠭᠠᠷᠢᠵᠤ᠂ ᠬᠡᠯᠡ ᠶ᠋ᠢ ᠮᠢᠨᠢ ᠬᠦᠷᠲᠡᠯ᠎ᠡ ᠲᠦᠯᠡᠯ᠎ᠡ᠃ ᠬᠡᠯᠡ ᠭᠡᠰᠡᠨ ᠪᠦᠬᠦᠨ ᠢ᠋ ᠨᠢ ᠬᠡᠯᠡᠵᠦ᠂ ᠬᠢᠭᠰᠡᠨ ᠬᠢᠭᠡ ᠦᠭᠡᠢ ᠪᠦᠭᠦᠳᠡ ᠶ᠋ᠢ ᠬᠦᠯᠢᠶᠡᠭᠰᠡᠨ ᠴᠦ᠍ ᠨᠠᠮᠠᠶ᠋ᠢ ᠲᠠᠯᠪᠢᠵᠤ ᠶᠠᠪᠤᠭᠤᠯᠤᠭᠰᠠᠨ ᠦᠭᠡᠢ᠃ ᠬᠠᠮᠤᠭ ᠪᠡᠶ᠎ᠡ ᠪᠡᠷ ᠮᠢᠨᠢ ᠤᠯᠠᠭᠠᠨ ᠭᠠᠯ ᠤᠷᠤᠰᠤᠨ ᠪᠣᠢ ᠮᠡᠲᠦ ᠬᠠᠯᠠᠭᠤ ᠰᠢᠳᠡᠵᠦ ᠪᠠᠢᠨ᠎ᠠ᠃ ᠤᠲᠠᠰᠤᠨ ᠴᠢᠨᠡᠭᠡ ᠠᠮᠢ ᠮᠢᠨᠢ ᠲᠠᠰᠤᠷᠠᠬᠤ ᠦᠭᠡᠢ ᠤᠳᠠᠬᠤ ᠨᠢ ᠭᠠᠰᠠᠯᠠᠩ ᠲᠠᠢ᠃ ᠡᠴᠦᠰ ᠦ᠋ᠨ ᠮᠥᠴᠡ ᠬᠦᠷᠲᠡᠯ᠎ᠡ ᠲᠠᠨ ᠳ᠋ᠤ᠌ ᠦᠨᠡᠨᠴᠢ ᠪᠠᠢᠨ᠎ᠠ ᠭᠡᠵᠦ ᠠᠮᠠᠯᠠᠭᠰᠠᠨ ᠴᠤ᠌ ᠡᠨᠡ ᠲᠠᠮᠤᠯᠠᠯ ᠢ᠋ ᠲᠡᠰᠴᠦ ᠴᠢᠳᠠᠭᠰᠠᠨ ᠦᠭᠡᠢ᠂ ᠥᠷᠥᠰᠢᠶᠡ ᠭᠡᠵᠦ ᠬᠡᠯᠡᠭᠡᠳ ᠳᠠᠬᠢᠨ ᠤᠬᠠᠭᠠᠨ ᠠᠯᠳᠠᠯ᠎ᠠ᠃ 
   ᠲᠦᠷᠭᠡᠨ᠎ᠡ ᠬᠠᠲᠤᠨ ᠬᠠᠭᠠᠨ ᠤ᠋ ᠦᠷᠭᠦᠭᠡᠨ ᠳ᠋ᠦ᠍ ᠣᠴᠢᠭᠰᠠᠨ ᠪᠣᠯᠪᠠᠴᠤ ᠬᠦᠦ ᠨᠢ ᠡᠵᠡᠭᠦᠢ ᠪᠠᠢᠯ᠎ᠠ᠃ ᠦᠷᠭᠦᠭᠡᠨ ᠳ᠋ᠡᠭᠡᠨ ᠣᠴᠢᠭᠠᠳ ᠭᠦᠶᠦᠭ ᠬᠠᠭᠠᠨ ᠢ᠋ ᠳᠠᠭᠤᠳᠠᠭᠤᠯᠤᠭᠰᠠᠨ ᠪᠣᠯᠪᠠᠴᠤ ᠢᠷᠡᠭᠰᠡᠨ ᠦᠭᠡᠢ᠃ 
   ᠮᠠᠷᠭᠠᠰᠢ ᠡᠳᠦᠷ ᠨᠢ ᠹᠠᠲ᠋ᠢᠮᠠ ᠶ᠋ᠢ ᠳᠠᠬᠢᠨ ᠲᠠᠮᠤᠯᠠᠵᠤ᠂ ᠰᠦᠨᠡᠰᠦ ᠶ᠋ᠢ ᠨᠢ ᠭᠠᠳᠠᠭᠰᠢ ᠭᠠᠷᠭᠠᠬᠤ ᠦᠭᠡᠢ ᠶ᠋ᠢᠨ ᠲᠤᠯᠠᠳᠠ ᠪᠦᠬᠦ ᠨᠦᠬᠡ ᠰᠦᠪᠡ ᠶ᠋ᠢ ᠨᠢ ᠪᠢᠲᠡᠭᠦᠯᠡᠨ ᠣᠶᠣᠭᠠᠳ᠂ ᠨᠣᠢᠲᠠᠨ ᠰᠢᠷᠢ ᠳ᠋ᠦ᠍ ᠪᠣᠭᠣᠵᠤ ᠭᠣᠣᠯ ᠤ᠋ᠨ ᠤᠰᠤᠨ ᠳ᠋ᠤ᠌ ᠰᠢᠲᠠᠵᠤ ᠠᠯᠠᠭᠰᠠᠨ ᠪᠣᠯᠬᠤ ᠶ᠋ᠢ ᠰᠣᠨᠣᠰᠤᠭᠰᠠᠨ ᠳᠠᠷᠤᠢ ᠳ᠋ᠠᠭᠠᠨ ᠲᠦᠷᠭᠡᠨ᠎ᠡ ᠬᠠᠲᠤᠨ ᠦᠷᠭᠦᠭᠡᠨ ᠳ᠋ᠡᠭᠡᠨ ᠤᠬᠠᠭᠠᠨ ᠠᠯᠲᠠᠨ ᠤᠨᠠᠪᠠ᠃ 
   ᠡᠨᠡ ᠡᠳᠦᠷ ᠡᠴᠡ ᠬᠣᠢᠰᠢ ᠲᠦᠷᠭᠡᠨ᠎ᠡ ᠬᠠᠲᠤᠨ ᠰᠡᠳᠬᠢᠯ ᠰᠠᠨᠠᠭᠠᠨ ᠤ᠋ ᠭᠦᠨ ᠬᠢᠮᠤᠷᠠᠯ ᠳ᠋ᠤ᠌ ᠣᠷᠣᠯ᠎ᠠ᠃ ᠲᠡᠷᠡ ᠬᠡᠨ ᠲᠡᠢ ᠴᠤ᠌ ᠦᠭᠡ ᠦᠯᠦ ᠶᠠᠷᠢᠨ᠎ᠠ᠃ ᠨᠠᠰᠤᠨ ᠡᠴᠦᠰ ᠪᠣᠯᠲᠠᠯ᠎ᠠ ᠬᠠᠮᠲᠤ ᠪᠠᠢᠬᠤ ᠭᠡᠵᠦ ᠰᠣᠩᠭᠣᠨ ᠳᠡᠷᠭᠡᠳᠡ ᠪᠡᠨ ᠪᠠᠢᠯᠭᠠᠭᠰᠠᠨ ᠬᠥᠮᠦᠨ ᠨᠢ ᠬᠠᠷᠠᠮᠰᠠᠯᠲᠠᠢ ᠪᠠᠷ ᠠᠮᠢ ᠪᠠᠨ ᠠᠯᠳᠠᠭᠰᠠᠨ ᠡᠨᠡ ᠭᠠᠰᠢᠭᠤᠨ ᠦᠨᠡᠨ ᠲᠦᠷᠭᠡᠨ᠎ᠡ ᠬᠠᠲᠤᠨ ᠢ᠋ ᠡᠢᠮᠦ ᠪᠠᠢᠳᠠᠯ ᠳ᠋ᠤ᠌ ᠣᠷᠣᠭᠤᠯᠵᠠᠢ᠃ ᠬᠦᠦ ᠭᠦᠶᠦᠭ ᠨᠢ ᠲᠡᠭᠦᠨ ᠡᠴᠡ ᠡᠨᠡ ᠠᠮᠢᠳᠤᠷᠠᠯ ᠤ᠋ᠨ ᠡᠴᠦᠰ ᠦ᠋ᠨ ᠠᠮᠢᠰᠬᠤᠯ ᠢ᠋ ᠨᠢ ᠲᠠᠰᠤᠳᠠᠨ ᠠᠪᠤᠭᠠᠳ ᠶᠠᠪᠤᠴᠢᠬᠠᠬᠤ ᠰᠢᠭ᠋ ᠪᠣᠯᠤᠯ᠎ᠠ᠃ 
   ᠲᠦᠷᠭᠡᠨ᠎ᠡ ᠬᠠᠲᠤᠨ ᠳ᠋ᠤ᠌ ᠢᠷᠡᠬᠦ ᠳ᠋ᠡᠭᠡᠨ ᠹᠠᠲ᠋ᠢᠮᠠ ᠵᠠᠯᠠᠭᠤ ᠰᠠᠢᠬᠠᠨ ᠪᠦᠰᠡᠭᠦᠢ ᠪᠠᠢᠵᠠᠢ᠃ ᠲᠡᠢᠨ ᠦ᠌ ᠣᠯᠵᠠ ᠳ᠋ᠤ᠌ ᠢᠷᠡᠭᠰᠡᠨ ᠡᠨᠡ ᠡᠮᠡᠭᠲᠡᠢ ᠶ᠋ᠢ ᠠᠩᠬ᠎ᠠ ᠬᠠᠷᠠᠬᠣᠷᠣᠮ ᠳ᠋ᠤ᠌ ᠢᠷᠡᠬᠦ ᠳ᠋ᠦ᠍ ᠲᠦᠷᠭᠡᠨ᠎ᠡ ᠬᠠᠲᠤᠨ ᠳᠡᠷᠭᠡᠳᠡ ᠪᠡᠨ ᠠᠪᠤᠭᠰᠠᠨ ᠪᠢᠯᠡ᠃ ᠲᠡᠷᠡ ᠴᠠᠭ ᠡᠴᠡ ᠬᠣᠢᠰᠢ ᠲᠦᠷᠭᠡᠨ᠎ᠡ ᠹᠠᠲ᠋ᠢᠮᠠ ᠬᠣᠶᠠᠷ ᠨᠢᠭᠡ ᠴᠦ᠍ ᠡᠳᠦᠷ ᠰᠠᠯᠵᠤ ᠪᠠᠢᠭ᠎ᠠ ᠦᠭᠡᠢ ᠭᠡᠬᠦ ᠳ᠋ᠦ᠍ ᠬᠢᠯᠢᠰᠳᠡᠬᠦ ᠦᠭᠡᠢ᠃ ᠢᠷᠡᠭᠰᠡᠨ ᠡᠳᠦᠷ ᠲᠡᠭᠡᠨ ᠬᠠᠲᠤᠨ ᠤ᠋ ᠠᠰᠠᠭᠤᠭᠰᠠᠨ ᠤ᠋ ᠳᠠᠭᠠᠤ ᠥᠪᠡᠷ ᠦ᠋ᠨ ᠥᠩᠭᠡᠷᠡᠭᠰᠡᠨ ᠠᠮᠢᠳᠤᠷᠠᠯ᠂ ᠪᠦᠬᠦ ᠦᠨᠡᠨ ᠢ᠋ᠶ᠋ᠡᠨ ᠲᠣᠭᠠᠴᠢᠨ ᠶᠠᠷᠢᠵᠠᠢ᠃ ᠲᠡᠭᠦᠨ ᠢ᠋ ᠠᠩᠬ᠎ᠠ ᠠᠷᠪᠠᠨ ᠭᠤᠷᠪᠠᠨ ᠨᠠᠰᠤᠲᠠᠢ ᠪᠠᠢᠬᠤ ᠳ᠋ᠤ᠌ ᠨᠤᠲᠤᠭ ᠤ᠋ᠨ ᠨᠢᠭᠡᠨ ᠬᠤᠳᠠᠯᠳᠤᠭᠠᠴᠢᠨ ᠶᠡᠬᠡ ᠥᠷᠢ ᠳ᠋ᠦ᠍ ᠠᠪᠴᠤ᠂ ᠪᠠᠭ᠎ᠠ ᠬᠠᠲᠤᠨ ᠢ᠋ᠶ᠋ᠠᠨ ᠪᠣᠯᠭᠠᠭᠰᠠᠨ ᠪᠠᠢᠪᠠ᠃ ᠣᠯᠠᠨ ᠬᠠᠲᠤᠳ ᠤ᠋ᠨ ᠰᠢᠷᠦᠭᠦᠨ ᠲᠡᠮᠡᠴᠡᠯ ᠳᠤᠮᠳᠠ ᠲᠡᠰᠴᠦ ᠦᠯᠡᠳᠡᠬᠦ ᠶ᠋ᠢᠨ ᠲᠤᠯᠠᠳᠠ ᠡᠯᠳᠡᠪ ᠠᠷᠭ᠎ᠠ ᠰᠠᠳᠤᠨ ᠠᠮᠢᠳᠤᠷᠠᠭᠰᠠᠭᠠᠷ ᠠᠮᠢ ᠪᠠᠨ ᠬᠤᠤᠬᠠᠢᠯᠠᠬᠤ ᠶ᠋ᠢᠨ ᠲᠤᠯᠠᠳᠠ ᠬᠤᠳᠠᠯ ᠦᠨᠡᠨ ᠬᠡᠯᠡᠭᠰᠡᠭᠡᠷ ᠬᠣᠶᠠᠷ ᠣᠨ ᠢ᠋ ᠥᠩᠭᠡᠷᠡᠭᠡᠳ ᠪᠠᠢᠲᠠᠯ᠎ᠠ ᠮᠣᠩᠭᠣᠯ ᠴᠡᠷᠢᠭ ᠦ᠋ᠳ ᠢᠷᠡᠵᠦ ᠲᠡᠳᠡᠨ ᠦ᠌ ᠭᠡᠷ ᠣᠷᠣᠨ ᠢ᠋ ᠳᠦᠢᠪᠡᠭᠡᠭᠡᠳ᠂ ᠴᠢᠷᠠᠢ ᠵᠢᠰᠦ ᠲᠡᠭᠦᠰ᠂ ᠭᠤᠸ᠎ᠠ ᠦᠵᠡᠰᠬᠦᠯᠡᠩᠲᠡᠢ ᠡᠨᠡ ᠡᠮᠡᠭᠲᠡᠢ ᠶ᠋ᠢ ᠣᠯᠵᠠᠯᠠᠨ ᠠᠪᠴᠤ ᠲᠠᠯ᠎ᠠ ᠨᠤᠲᠤᠭ ᠲᠤ᠌ ᠠᠪᠴᠤ ᠢᠷᠡᠭᠰᠡᠨ ᠠᠵᠢ᠃ 
   ᠲᠦᠷᠭᠡᠨ᠎ᠡ ᠬᠠᠲᠤᠨ ᠹᠠᠲ᠋ᠢᠮᠠ ᠶ᠋ᠢᠨ ᠥᠩᠭᠡᠷᠡᠭᠰᠡᠨ ᠠᠮᠢᠳᠤᠷᠠᠯ ᠢ᠋ ᠨᠢᠭᠡᠳ ᠨᠢᠭᠡᠨ ᠦᠭᠡᠢ ᠰᠣᠨᠣᠰᠴᠤ ᠮᠡᠳᠡᠭᠡᠳ᠂   
   — ᠡᠨᠡ ᠡᠳᠦᠷ ᠡᠴᠡ ᠬᠣᠢᠰᠢ ᠴᠢ ᠮᠢᠨᠦ ᠳᠡᠷᠭᠡᠳᠡ ᠪᠠᠢ᠃ ᠪᠢ ᠥᠪᠡᠷ ᠦ᠋ᠨ ᠪᠣᠭᠣᠯ ᠢ᠋ ᠥᠪᠡᠷ ᠢ᠋ᠶ᠋ᠡᠨ ᠰᠣᠩᠭᠣᠳᠠᠭ᠂ ᠮᠢᠨᠦ ᠳᠡᠷᠭᠡᠳᠡ ᠨᠢᠭᠡ ᠯᠡ ᠤᠳᠠᠭ᠎ᠠ ᠬᠠᠵᠠᠭᠠᠢ ᠭᠢᠰᠬᠢᠬᠦ  ᠶᠤᠮ ᠪᠣᠯ ᠴᠢᠨᠦ ᠠᠮᠢ ᠦᠭᠡᠢ ᠪᠣᠯᠤᠨ᠎ᠠ᠃ ᠬᠠᠷᠢᠨ ᠦᠨᠡᠨᠴᠢ ᠵᠠᠷᠤᠴᠠ ᠬᠡᠪ ᠢ᠋ᠶ᠋ᠡᠷ ᠦᠯᠡᠳᠡᠪᠡᠯ ᠨᠠᠰᠤᠨ ᠲᠤᠷᠰᠢᠲᠠ ᠳ᠋ᠤ᠌ ᠴᠢᠨᠢ ᠴᠢᠮᠠᠶ᠋ᠢ ᠬᠠᠭᠠᠴᠠᠢᠯᠠᠨ ᠬᠠᠮᠠᠭᠠᠯᠠᠨ᠎ᠠ ᠭᠡᠵᠦ ᠬᠡᠯᠡᠵᠡᠢ᠃ ᠦᠨᠡᠨ ᠳ᠋ᠡᠭᠡᠨ ᠹᠠᠲ᠋ᠢᠮᠠ ᠰᠢᠭ᠋ ᠦᠨᠡᠨᠴᠢ᠂ ᠠᠮᠠ ᠴᠢᠩᠭ᠎ᠠ ᠲᠠᠢ᠂ ᠰᠠᠬᠢᠯᠭ᠎ᠠ ᠪᠠᠲᠤ ᠲᠠᠢ ᠵᠠᠷᠤᠴᠠ ᠲᠦᠷᠭᠡᠨ᠎ᠡ ᠬᠠᠲᠤᠨ ᠤ᠋ ᠳᠡᠷᠭᠡᠳᠡ ᠪᠠᠢᠭ᠎ᠠ ᠦᠭᠡᠢ ᠪᠢᠯᠡ᠃ ᠥᠪᠡᠷ ᠢ᠋ ᠨᠢ ᠳᠠᠭᠠᠨ ᠨᠢᠭᠡᠨ ᠨᠠᠰᠤᠨ ᠤ᠋ ᠠᠮᠢᠳᠤᠷᠠᠯ ᠢ᠋ᠶ᠋ᠠᠨ ᠦᠷᠡᠨ᠂ ᠦᠷ᠎ᠡ ᠬᠡᠦᠬᠡᠳ᠂ ᠬᠠᠨᠢ ᠢᠵᠢᠯᠢ ᠲᠡᠢ ᠪᠣᠯᠬᠤ ᠦᠭᠡᠢ ᠪᠡᠷ ᠬᠣᠷᠸ᠎ᠠ ᠶ᠋ᠢ ᠪᠠᠷᠠᠵᠤ ᠪᠠᠢᠭ᠎ᠠ ᠹᠠᠲ᠋ᠢᠮᠠ ᠶ᠋ᠢ ᠬᠠᠷᠠᠬᠤ ᠪᠦᠷᠢ ᠳ᠋ᠡᠭᠡᠨ ᠲᠦᠷᠭᠡᠨ᠎ᠡ ᠬᠠᠲᠤᠨ ᠲᠡᠭᠦᠨ ᠢ᠋ ᠡᠮᠡᠭᠲᠡᠢ ᠬᠥᠮᠦᠨ ᠦ᠌ ᠶᠣᠰᠣ ᠪᠠᠷ ᠦᠷᠦ ᠡᠪᠡᠳᠬᠦ ᠰᠡᠳᠬᠢᠯ ᠲᠥᠷᠥᠳᠡᠭ ᠪᠠᠢᠯ᠎ᠠ᠃ 
   ᠶᠠᠪᠤᠭᠠᠨ ᠳ᠋ᠠᠭᠠᠨ ᠡᠨᠡ ᠬᠣᠶᠠᠷ ᠬᠥᠮᠦᠨ ᠤᠯᠠᠮ ᠪᠦᠷ ᠣᠢᠷᠠᠲᠤᠨ᠂ ᠢᠵᠢᠯᠢᠳᠦᠨ ᠲᠡᠰᠴᠦ᠂ ᠵᠢᠷᠭᠠᠯ ᠵᠣᠪᠠᠯᠠᠩ ᠢ᠋ᠶ᠋ᠠᠨ ᠶᠠᠷᠢᠨ ᠰᠠᠭᠤᠬᠤ ᠳᠣᠲᠣᠨᠣ ᠬᠥᠮᠦᠰ ᠪᠣᠯᠴᠢᠬᠠᠭᠰᠠᠨ ᠪᠠᠢᠪᠠ᠃ 
   ᠲᠦᠷᠭᠡᠨ᠎ᠡ ᠬᠠᠲᠤᠨ ᠢ᠋ ᠲᠥᠷᠥ ᠶ᠋ᠢᠨ ᠬᠡᠷᠡᠭ ᠢ᠋ ᠬᠠᠮᠢᠶᠠᠷᠴᠤ ᠪᠠᠢᠬᠤ ᠬᠤᠭᠤᠴᠠᠭᠠᠨ ᠳ᠋ᠤ᠌ ᠹᠠᠲ᠋ᠢᠮᠠ ᠥᠪᠡᠷ ᠦ᠋ᠨ ᠳᠤᠷ᠎ᠠ ᠪᠠᠷ ᠠᠭᠠᠰᠢᠯᠠᠨ᠂ ᠬᠠᠲᠤᠨ ᠤ᠋ ᠰᠠᠨᠠᠭ᠎ᠠ ᠪᠣᠳᠣᠯ ᠢ᠋ ᠨᠥᠯᠥᠭᠡᠯᠡᠵᠦ᠂ ᠠᠯᠳᠠᠭ᠎ᠠ ᠲᠠᠢ ᠰᠢᠢᠳᠪᠦᠷᠢ ᠨᠤᠭᠦᠳ ᠭᠠᠷᠭᠠᠭᠤᠯᠵᠤ ᠪᠠᠢᠭᠰᠠᠨ ᠢ᠋ ᠲᠡᠷᠡ ᠪᠡᠷ ᠲᠤᠬᠠᠢ ᠶ᠋ᠢᠨ ᠦᠶ᠎ᠡ ᠳ᠋ᠦ᠍ ᠣᠯᠵᠤ ᠬᠠᠷᠠᠭ᠎ᠠ ᠦᠭᠡᠢ ᠪᠥᠯᠥᠭᠡ᠃ ᠬᠠᠷᠢᠨ ᠬᠣᠵᠢᠮ ᠬᠣᠢᠨ᠎ᠠ ᠣᠯᠵᠤ ᠬᠠᠷᠠᠭᠰᠠᠨ ᠴᠤ᠌ ᠨᠢᠭᠡᠨ ᠨᠠᠰᠤ ᠪᠠᠷ ᠢ᠋ᠶ᠋ᠠᠨ ᠬᠠᠮᠲᠤ ᠪᠠᠢᠬᠤ ᠥᠭᠡᠷ᠎ᠡ ᠬᠥᠮᠦᠨ ᠳᠡᠷᠭᠡᠳᠡ ᠨᠢ ᠨᠢᠭᠡᠨᠲᠡ ᠦᠯᠡᠳᠡᠭᠡ ᠦᠭᠡᠢ ᠲᠤᠯᠠ ᠥᠷᠥᠰᠢᠶᠡᠨ ᠠᠭᠤᠴᠢᠯᠠᠬᠤ ᠡᠴᠡ ᠥᠭᠡᠷ᠎ᠡ ᠶᠠᠭᠠᠬᠢᠬᠤ ᠪᠢᠯᠡ᠃ ᠥᠨᠥ ᠲᠡᠭᠦᠨ ᠦ᠌ ᠬᠦᠦ ᠬᠠᠭᠠᠨ ᠡᠵᠡᠨ ᠴᠦ᠍ ᠥᠪᠡᠷ ᠡᠴᠡ ᠨᠢ ᠡᠳᠦᠷ ᠡᠳᠦᠷ ᠢ᠋ᠶ᠋ᠡᠷ ᠬᠥᠨᠳᠡᠢᠷᠡᠭᠰᠡᠭᠡᠷ ᠯᠡ ᠪᠠᠢᠨ᠎ᠠ᠃ 
※   
   ᠠᠯᠲᠠᠨ ᠳᠡᠭᠡᠪᠦᠷ ᠲᠡᠢ᠂ ᠴᠢᠮᠬᠢᠯᠡᠭᠦᠷ ᠨᠠᠨᠳᠢᠨ ᠤᠭᠠᠯᠵᠠ ᠴᠢᠮᠡᠭ ᠲᠡᠢ᠂ ᠤᠷᠠᠨ ᠨᠠᠷᠢᠨ ᠬᠢᠴᠡ ᠲᠡᠢ ᠤᠷᠲᠤ ᠥᠷᠭᠥᠭᠡ ᠠᠭᠤᠷᠠᠭ ᠲᠤ ᠰᠦᠨᠳᠡᠷᠯᠡᠨ ᠪᠣᠰᠤᠭᠰᠠᠨ ᠪᠠᠢᠯ᠎ᠠ᠃ ᠲᠠᠯ᠎ᠠ ᠨᠤᠲᠤᠭ ᠲᠤ ᠤᠷᠢᠳ ᠡᠮᠦᠨ᠎ᠡ ᠦᠵᠡᠭᠳᠡᠵᠦ ᠬᠠᠷᠠᠭᠳᠠᠭ᠎ᠠ ᠦᠭᠡᠢ ᠡᠨᠡ ᠰᠠᠢᠬᠠᠨ ᠦᠷᠭᠦᠭᠡᠨ ᠦ᠌ ᠳᠡᠭᠡᠪᠦᠷ ᠦ᠋ᠨ ᠠᠯᠲᠠᠨ ᠰᠢᠷᠭᠠᠯ ᠥᠩᠭᠡ ᠨᠠᠷᠠᠨ ᠤ᠋ ᠰᠢᠵᠢᠷᠬᠡᠨ ᠲᠤᠶᠠᠭ᠎ᠠ ᠲᠠᠢ ᠰᠦᠯᠢᠯᠳᠦᠨ ᠴᠠᠭᠠᠨ᠎ᠠ ᠪᠠᠨ ᠴᠠᠮᠢᠨ  ᠰᠠᠢᠬᠠᠨ ᠬᠠᠷᠠᠭᠳᠠᠨ᠎ᠠ᠃ ᠦᠷᠭᠦᠭᠡᠨ ᠦ᠌ ᠭᠠᠳᠠᠭ᠎ᠠ ᠣᠯᠠᠨ ᠬᠥᠮᠦᠨ ᠵᠣᠭᠰᠣᠵᠠᠢ᠃ ᠬᠠᠲᠤᠨ ᠤ᠋ ᠬᠡᠦᠬᠡᠳ ᠦ᠋ᠳ᠂ ᠠᠭᠤᠷᠠᠭ ᠤ᠋ᠨ ᠬᠡᠷᠡᠭ ᠢ᠋ ᠵᠠᠰᠠᠨ ᠶᠠᠪᠤᠭᠤᠯᠵᠤ ᠪᠣᠢ ᠲᠦᠰᠢᠮᠡᠳ᠂ ᠠᠯᠪᠠᠲᠤ ᠨᠤᠭᠤᠳ ᠪᠠᠢᠪᠠ᠃ ᠨᠣᠮ ᠤ᠋ᠨ ᠦᠷᠭᠦᠭᠡᠨ ᠦ᠌ ᠡᠭᠦᠳᠡᠨ ᠳ᠋ᠦ᠍ ᠵᠣᠭᠰᠣᠬᠤ ᠠᠷᠢᠬᠪᠥ᠋ᠬᠡ᠂ ᠲᠡᠮᠦᠭᠡᠨ ᠪᠡᠬᠢ ᠨᠠᠷ ᠬᠠᠭᠠᠯᠭ᠎ᠠ ᠣᠩᠭᠣᠢᠯᠭᠠᠨ᠂   
     — ᠬᠠᠲᠤᠨ ᠡᠬᠡ ᠮᠢᠨᠢ ᠣᠷᠣᠭᠲᠤᠨ ᠭᠡᠮᠡᠨ ᠬᠡᠯᠡᠯ᠎ᠡ᠃ 
   ᠰᠤᠷᠠᠬᠠᠨᠳᠠᠨᠢ ᠬᠠᠲᠤᠨ ᠦᠷᠭᠦᠭᠡᠨ ᠦ᠌ ᠡᠭᠦᠳᠡ ᠪᠡᠷ ᠶᠠᠪᠤᠵᠤ ᠣᠷᠣᠪᠠᠯ ᠡᠷᠭᠢᠨ ᠲᠣᠭᠣᠷᠢᠨ ᠰᠤᠳᠤᠷ ᠦᠷᠦᠭᠰᠡᠨ ᠤᠷᠢᠳᠤ ᠶ᠋ᠢᠨ ᠠᠳᠠᠯᠢ ᠬᠢᠷᠢᠨ᠎ᠡ ᠢᠯᠡᠭᠦᠦ ᠲᠠᠩᠰᠤᠭ ᠠᠭᠤᠵᠢᠮ ᠰᠠᠢᠬᠠᠨ ᠨᠣᠮ ᠤ᠋ᠨ ᠥᠷᠭᠥᠭᠡ ᠪᠣᠰᠴᠠᠢ᠃ ᠦᠷᠭᠦᠭᠡᠨ ᠦ᠌ ᠭᠣᠣᠯ ᠳ᠋ᠤ᠌ ᠪᠠᠢᠷᠢᠯᠠᠭᠤᠯᠤᠭᠰᠠᠨ ᠰᠢᠷᠡᠭᠡᠨ ᠳᠡᠭᠡᠷ᠎ᠡ ᠬᠡᠳᠦ ᠬᠡᠳᠦᠨ ᠰᠤᠳᠤᠷ ᠳᠡᠯᠭᠡᠭᠡᠰᠦᠲᠡᠢ ᠬᠠᠷᠠᠭᠳᠠᠨ᠎ᠠ᠃ ᠳᠣᠲᠣᠷᠠᠬᠢ ᠵᠣᠬᠢᠶᠠᠨ ᠪᠠᠢᠭᠤᠯᠤᠯᠲᠠ ᠶ᠋ᠢ ᠥᠬᠢᠨ ᠲᠡᠮᠦᠭᠡᠨ ᠪᠡᠬᠢ ᠨᠢ ᠬᠢᠵᠡᠢ᠃ ᠲᠡᠷᠡ ᠬᠠᠲᠤᠨ ᠡᠬᠡ ᠶ᠋ᠢ ᠪᠡᠨ ᠨᠣᠮ ᠤ᠋ᠨ ᠦᠷᠭᠦᠭᠡᠨ ᠳ᠋ᠦ᠍ ᠣᠷᠣᠵᠤ ᠢᠷᠡᠬᠦ ᠳ᠋ᠦ᠍ ᠤᠩᠰᠢᠬᠤ ᠳᠤᠷᠠᠲᠠᠢ ᠰᠤᠳᠤᠷ ᠨᠣᠮ ᠢ᠋ ᠨᠢ ᠰᠢᠷᠡᠭᠡᠨ ᠳᠡᠭᠡᠷ᠎ᠡ ᠲᠠᠯᠪᠢᠵᠤ᠂ ᠭᠠᠯ ᠳ᠋ᠤ᠌ ᠬᠠᠢᠯᠤᠨ ᠣᠳᠤᠭᠰᠠᠨ ᠰᠤᠳᠤᠷ ᠨᠣᠮ ᠤ᠋ᠳ ᠢ᠋  ᠭᠠᠵᠠᠷ ᠭᠠᠵᠠᠷ ᠡᠴᠡ ᠵᠠᠬᠢᠨ ᠠᠪᠴᠤ ᠢᠷᠡᠭᠦᠯᠦᠭᠰᠡᠨ ᠦ᠌ ᠳᠡᠭᠡᠷ᠎ᠡ ᠶᠠᠮᠠᠷ ᠰᠤᠳᠤᠷ ᠬᠠᠮᠢᠭ᠎ᠠ ᠨᠢ ᠪᠠᠢᠭ᠎ᠠ ᠪᠢᠯᠡ ᠭᠡᠵᠦ ᠠᠰᠠᠭᠤᠬᠤ ᠳ᠋ᠤ᠌ ᠭᠠᠷ ᠰᠤᠩᠭᠠᠨ ᠭᠠᠷᠭᠠᠵᠤ ᠢᠷᠡᠳᠡᠭ ᠡᠬᠡ ᠶ᠋ᠢᠨ ᠢ᠋ᠶ᠋ᠡᠨ ᠣᠢᠷ᠎ᠠ ᠪᠠᠢᠯᠭᠠᠬᠤ ᠡᠭᠦᠳᠡᠨ ᠡᠴᠡ ᠪᠦᠬᠦ ᠵᠦᠢᠯ ᠢ᠋ ᠬᠠᠭᠤᠴᠢᠨ ᠬᠡᠪ ᠲᠦ᠍ ᠨᠢ ᠣᠷᠣᠭᠤᠯᠬᠤ ᠶ᠋ᠢ ᠬᠢᠴᠢᠶᠡᠵᠡᠢ᠃ ᠦᠷᠭᠦᠭᠡᠨ ᠳᠣᠲᠣᠷ᠎ᠠ ᠪᠠᠢᠭ᠎ᠠ ᠵᠦᠢᠯ ᠢ᠋ ᠤᠷᠢᠳᠤ ᠥᠭᠡᠯᠦᠨ ᠡᠬᠡ ᠶ᠋ᠢᠨ ᠪᠠᠷᠢᠭᠤᠯᠵᠤ ᠥᠭᠴᠦ ᠪᠠᠢᠭᠰᠠᠨ ᠨᠣᠮ ᠤ᠋ᠨ ᠦᠷᠭᠦᠭᠡᠨ ᠦ᠌ ᠠᠳᠠᠯᠢ ᠵᠠᠰᠠᠵᠤ ᠲᠣᠬᠢᠵᠢᠭᠤᠯᠬᠤ ᠶ᠋ᠢ ᠵᠣᠷᠢᠭᠰᠠᠨ ᠨᠢ ᠶᠠᠭᠤᠬᠠᠨ ᠡᠴᠡ ᠴᠤ᠌ ᠬᠠᠷᠠᠭᠳᠠᠨ᠎ᠠ᠃ ᠰᠢᠷᠡᠭᠡᠨ ᠳᠡᠭᠡᠷ᠎ᠡ ᠰᠢᠷ᠎ᠠ ᠥᠩᠭᠡ ᠶ᠋ᠢᠨ ᠲᠣᠷᠭ᠎ᠠ ᠪᠠᠷ ᠪᠠᠷᠢᠨᠲᠠᠭᠯᠠᠭᠰᠠᠨ ᠭᠤᠷᠪᠠᠨ ᠳᠠᠪᠬᠤᠷ ᠰᠤᠳᠤᠷ ᠪᠠᠢᠬᠤ ᠨᠢ ᠠᠯᠲᠠᠨ ᠰᠤᠳᠤᠷ ᠰᠡᠷᠭᠦᠭᠡᠭᠳᠡᠭᠰᠡᠨ ᠬᠡᠷᠡᠭ ᠠᠵᠢ᠃ ᠰᠤᠷᠬᠠᠭᠳᠠᠨᠢ ᠬᠠᠲᠤᠨ ᠰᠢᠷᠡᠭᠡᠨ ᠦ᠌ ᠠᠷᠤ ᠳ᠋ᠠᠬᠢ ᠮᠣᠳᠣᠨ ᠰᠠᠨᠳᠠᠯᠢ ᠳ᠋ᠤ᠌ ᠵᠥᠭᠡᠯᠡᠨ ᠰᠠᠭᠤᠭᠠᠳ᠂ ᠰᠤᠳᠤᠷ ᠢ᠋ ᠬᠣᠶᠠᠷ ᠭᠠᠷᠳᠠᠨ ᠪᠠᠷᠢᠵᠤ᠂ ᠥᠬᠢᠨ ᠲᠡᠮᠦᠬᠡᠨ ᠪᠡᠬᠢ ᠳ᠋ᠦ᠍ ᠬᠠᠨᠳᠤᠨ᠂
   — ᠡᠨᠳᠡ ᠪᠦᠬᠦ ᠵᠦᠢᠯ ᠢ᠋ ᠬᠠᠭᠤᠴᠢᠨ ᠬᠡᠪ ᠢ᠋ᠶ᠋ᠡᠷ ᠪᠠᠢᠯᠭᠠᠬᠤ ᠭᠡᠵᠦ ᠬᠢᠴᠢᠶᠡᠭᠰᠡᠨ ᠬᠥᠮᠦᠨ  ᠲᠠᠮᠦᠬᠡᠨ ᠪᠡᠬᠢ ᠥᠬᠢᠨ ᠮᠢᠨᠢ ᠴᠢ ᠶᠤᠮ᠃ ᠴᠢᠨᠦ ᠰᠡᠳᠬᠢᠯ ᠡᠵᠢ ᠳ᠋ᠦ᠍ᠨᠢ ᠬᠠᠷᠠᠭᠳᠠᠵᠤ ᠪᠠᠢᠨ᠎ᠠ ᠭᠡᠵᠦ ᠬᠡᠯᠡᠯ᠎ᠡ᠃ 
   ᠲᠡᠮᠦᠬᠡᠨ ᠪᠡᠬᠢ ᠡᠬᠡ ᠶ᠋ᠢᠨ ᠢ᠋ᠶ᠋ᠡᠨ ᠮᠠᠭᠲᠠᠭᠠᠯ ᠳ᠋ᠤ᠌ ᠤᠷᠮᠠᠰᠢᠭᠰᠠᠨ ᠶᠠᠩᠵᠤ ᠲᠠᠢ᠂   
   — ᠡᠵᠢ ᠮᠢᠨᠢ᠂ ᠪᠢ ᠭᠠᠭᠴᠠᠬᠠᠨ ᠵᠦᠢᠯ ᠳ᠋ᠦ᠍ ᠯᠡ ᠰᠠᠨᠠᠭ᠎ᠠ ᠵᠣᠪᠠᠵᠤ ᠪᠠᠢᠯ᠎ᠠ ᠭᠡᠪᠡ᠃ — ᠶᠠᠭᠤᠨ ᠳ᠋ᠤ᠌ ᠲᠡᠷᠡ ᠪᠣᠢ?   
   — ᠨᠣᠮ ᠤ᠋ᠨ ᠦᠷᠭᠦᠭᠡᠨ ᠦ᠌ ᠳᠡᠭᠡᠪᠦᠷ ᠢ᠋ ᠠᠯᠲᠠ ᠪᠠᠷ ᠬᠢᠭᠰᠡᠨ ᠳ᠋ᠦ᠍ ᠲᠠᠨ ᠢ᠋ ᠠᠭᠤᠷᠯᠠᠬᠤ ᠪᠣᠯᠪᠠ ᠤᠤ  ᠭᠡᠵᠦ ᠠᠶᠤᠵᠤ ᠪᠠᠢᠬᠰᠨ ᠶᠤᠮ ᠭᠡᠪᠡ᠃ 
   — ᠶᠠᠭᠤᠨ ᠳ᠋ᠤ᠌ ᠠᠭᠤᠷᠯᠠᠬᠤ ᠪᠢᠯᠡ᠂ ᠠᠯᠲᠠ ᠪᠣᠯ ᠦᠨ᠎ᠡ ᠴᠠᠨ᠎ᠠ ᠲᠠᠢ ᠵᠦᠢᠯ᠂ ᠲᠡᠭᠦᠨ ᠦ᠌ ᠦᠨ᠎ᠡ ᠴᠠᠨ᠎ᠠ ᠶ᠋ᠢ ᠨᠣᠮ ᠤ᠋ᠨ ᠪᠤᠶᠠᠨ ᠳ᠋ᠤ᠌ ᠡᠷᠭᠦᠵᠦ ᠪᠠᠢᠭ᠎ᠠ ᠬᠣᠢᠨ᠎ᠠ ᠡᠷᠳᠡᠮ ᠤᠬᠠᠭᠠᠨ ᠭᠡᠳᠡᠭ ᠡᠨᠡ ᠠᠯᠲᠠᠨ ᠤ᠋ ᠬᠠᠵᠠᠭᠤ ᠳ᠋ᠤ᠌ ᠶᠠᠭᠤ ᠪᠢᠯᠡ᠃ ᠰᠠᠨᠠᠭᠰᠠᠨ ᠬᠡᠷᠡᠭ ᠪᠦᠲᠦᠯ᠎ᠡ᠃ ᠣᠳᠣ ᠬᠠᠷᠢᠨ ᠪᠤᠬᠠᠷ ᠬᠣᠲᠠ ᠳ᠋ᠤ᠌ ᠪᠣᠰᠤᠭᠰᠠᠨ ᠬᠠᠲᠤᠨ ᠤ᠋ ᠰᠤᠷᠭᠠᠭᠤᠯᠢ ᠪᠠᠨ ᠦᠵᠡᠬᠦ ᠯᠡ ᠦᠯᠡᠲᠡᠯ᠎ᠡ ᠭᠡᠵᠦ ᠪᠠᠶᠠᠷᠲᠠᠢ ᠪᠠᠷ ᠬᠡᠯᠡᠪᠡ᠃ 
   ᠡᠬᠡ ᠶ᠋ᠢᠨ ᠰᠡᠳᠬᠢᠯ ᠠᠮᠤᠭᠤᠯᠠᠩ ᠪᠠᠢᠭ᠎ᠠ ᠶ᠋ᠢ ᠬᠠᠷᠠᠭᠰᠠᠨ ᠲᠡᠮᠦᠬᠡᠨ ᠪᠡᠬᠢ《ᠬᠠᠲᠤᠨ ᠡᠬᠡ ᠦᠨᠡᠨ ᠢ᠋ᠶ᠋ᠡᠨ ᠬᠡᠯᠡᠯ᠎ᠡ ᠳᠡ᠃ ᠥᠷᠭᠥᠭᠡ ᠭᠡᠷ ᠢ᠋ ᠨᠢ ᠠᠯᠲᠠ ᠪᠠᠷ ᠳᠡᠭᠡᠪᠦᠷᠯᠡᠭᠰᠡᠨ ᠪᠣᠯ ᠬᠡᠷᠡᠭ ᠦᠭᠡᠢ ᠵᠦᠢᠯ ᠳ᠋ᠦ᠍ ᠡᠨᠡ ᠶᠡᠬᠡ ᠠᠯᠲᠠ ᠶ᠋ᠢ ᠦᠷᠡᠵᠦ ᠪᠠᠢᠬᠤ ᠪᠠᠷ ᠶᠠᠳᠠᠭᠤᠰ ᠲᠤ ᠲᠠᠷᠬᠠᠭᠠᠵᠤ᠂ ᠬᠣᠨᠣᠭ ᠤ᠋ᠨ ᠬᠣᠭᠣᠯᠠ ᠲᠠᠢ ᠨᠢ ᠵᠠᠯᠭᠠᠭᠤᠯᠬᠤ ᠦᠭᠡᠢ ᠶᠠᠭᠠᠬᠢᠭᠰᠠᠨ ᠶᠤᠮ ᠪᠣᠢ ᠭᠡᠵᠦ ᠠᠭᠤᠷᠰᠠᠬᠤ ᠪᠠᠢᠭᠰᠠᠨ ᠳᠠ》 ᠭᠡᠵᠦ ᠪᠣᠳᠣᠵᠤ ᠵᠣᠭᠰᠣᠯ᠎ᠠ᠃ 
   ᠠᠭᠤᠷᠠᠭ ᠲᠤ ᠥᠷᠨᠢᠭᠰᠡᠨ ᠶᠡᠬᠡ ᠠᠵᠢᠯ ᠦᠨᠳᠦᠰᠦᠨ ᠳ᠋ᠡᠭᠡᠨ ᠳᠠᠭᠤᠰᠤᠭᠰᠠᠨ ᠲᠤᠯᠠ ᠰᠤᠷᠬᠠᠭᠳᠠᠨᠢ ᠬᠠᠲᠤᠨ ᠬᠠᠷᠠᠬᠣᠷᠣᠮ ᠳ᠋ᠤ᠌ ᠣᠴᠢᠵᠤ ᠬᠠᠭᠠᠨ ᠡᠵᠡᠨ ᠬᠥᠶᠦᠭ ᠲᠦ᠍ ᠪᠠᠷᠠᠯᠬᠠᠭᠠᠳ᠂ ᠴᠠᠭᠠᠰᠢ ᠪᠤᠬᠠᠷ ᠬᠣᠲᠠ ᠶ᠋ᠢᠨ ᠵᠦᠭ ᠬᠥᠳᠡᠯᠦᠨ ᠬᠠᠲᠤᠨ ᠤ᠋ ᠰᠤᠷᠭᠠᠭᠤᠯᠢ ᠪᠠᠨ ᠦᠵᠡᠵᠦ ᠰᠣᠨᠢᠷᠬᠠᠬᠤ ᠪᠠᠷ ᠵᠠᠮ ᠳ᠋ᠤ᠌ ᠭᠠᠷᠤᠯ᠎ᠠ᠃ ᠰᠤᠷᠬᠠᠭᠲᠠᠨᠢ ᠳ᠋ᠤ᠌ ᠥᠨᠥᠬᠡᠨ ᠳ᠋ᠡᠭᠡᠨ ᠮᠣᠩᠭᠣᠯ ᠲᠥᠷᠥ ᠳ᠋ᠦ᠍ ᠬᠢᠭᠡᠳ ᠪᠠᠢᠬᠤ ᠠᠵᠢᠯ ᠪᠠᠢᠭᠰᠠᠨ ᠦᠭᠡᠢ᠃ ᠰᠢᠨ᠎ᠡ ᠡᠵᠡᠨ ᠬᠠᠭᠠᠨ ᠤᠯᠤᠰ ᠣᠷᠣᠨ ᠢ᠋ᠶ᠋ᠠᠨ ᠵᠠᠰᠠᠵᠤ᠂ ᠠᠷᠠᠳ ᠨᠡᠢᠲᠡ ᠪᠡᠷ ᠲᠡᠭᠦᠨ ᠦ᠌ ᠦᠭᠡ ᠶ᠋ᠢ ᠳᠠᠭᠠᠨ ᠰᠠᠬᠢᠵᠤ ᠪᠠᠢᠭ᠎ᠠ ᠲᠤᠯᠠ ᠰᠡᠳᠬᠢᠯ ᠴᠢᠯᠡᠭᠡᠬᠦ ᠬᠡᠷᠡᠭ ᠶᠠᠭᠤ ᠪᠢᠯᠡ᠃ ᠬᠠᠷᠠᠬᠣᠷᠣᠮ ᠳ᠋ᠤ᠌ ᠢᠷᠡᠭᠰᠡᠨ ᠳᠠᠷᠤᠢ ᠳ᠋ᠤ᠌ ᠲᠦᠷᠭᠡᠨ᠎ᠡ ᠬᠠᠲᠤᠨ ᠳ᠋ᠤ᠌ ᠪᠠᠷᠠᠯᠬᠠᠨ ᠠᠮᠤᠷ ᠮᠡᠨᠳᠦ ᠶ᠋ᠢ ᠨᠢ ᠮᠡᠳᠡᠬᠦ ᠪᠡᠷ ᠤᠷᠲᠤ ᠥᠷᠭᠥᠭᠡ ᠶ᠋ᠢ ᠨᠢ ᠵᠦᠭᠯᠡᠪᠡ᠃ 
   — ᠬᠠᠲᠤᠨᠲᠠᠨ ᠮᠢᠨᠢ᠂ ᠲᠠᠨ ᠳ᠋ᠤ᠌ ᠶᠠᠭᠤ ᠲᠣᠬᠢᠶᠠᠯᠳᠤᠭ᠎ᠠ ᠪᠣᠢ ᠭᠡᠬᠦ ᠰᠢᠪᠡᠭᠴᠢᠨ ᠦ᠌ ᠦᠭᠡᠨ ᠳ᠋ᠦ᠍ ᠭᠠᠢᠬᠠᠰᠭᠢᠬᠰᠡᠨ ᠲᠦᠷᠭᠡᠨ᠎ᠡ ᠬᠠᠲᠤᠨ᠂   
   — ᠶᠠᠭᠤ ᠪᠣᠯᠤᠭ᠎ᠠ ᠪᠣᠢ᠃ ᠴᠢ ᠶᠠᠭᠠᠬᠢᠭᠠᠳ ᠢᠩᠭᠢᠲᠡᠯ᠎ᠡ ᠡᠪᠡᠷ ᠲᠡᠢ ᠲᠠᠤᠯᠠᠢ ᠬᠠᠷᠠᠭᠰᠠᠨ ᠮᠡᠲᠦ ᠡᠭᠡᠷᠡᠨ ᠭᠠᠴᠢᠪᠠ ᠭᠡᠵᠦ  ᠵᠠᠩᠳᠤᠷᠤᠩᠭᠠᠨ ᠶᠠᠭᠤ ᠪᠣᠯᠤᠭᠠᠳ ᠪᠠᠢᠭ᠎ᠠ ᠶ᠋ᠢ ᠰᠠᠢᠨ ᠤᠬᠠᠭᠠᠷᠠᠭᠰᠠᠨ ᠦᠭᠡᠢ᠂ ᠳᠡᠮᠡᠢ ᠯᠡ ᠬᠠᠴᠠᠷ ᠨᠢᠭᠤᠷ ᠢ᠋ᠶ᠋ᠠᠨ ᠪᠠᠷᠢᠵᠤ ᠦᠵᠡᠯ᠎ᠡ᠃ ᠡᠨᠳᠡ ᠲᠡᠨᠳᠡ ᠨᠢ ᠣᠪᠣᠭᠠᠷᠠᠵᠤ ᠬᠠᠪᠤᠳᠤᠭᠰᠠᠨ ᠵᠦᠢᠯ ᠪᠠᠢᠬᠤ ᠦᠭᠡᠢ ᠲᠤᠯᠠ ᠥᠭᠡᠳᠡ ᠡᠴᠡ ᠨᠢ ᠬᠠᠷᠠᠭᠠᠳ ᠵᠣᠭᠰᠣᠵᠤ ᠪᠠᠢᠭ᠎ᠠ ᠰᠢᠪᠡᠭᠴᠢᠨ ᠡᠴᠡ᠂   
   — ᠶᠠᠭᠠᠬᠢᠭᠰᠠᠨ ᠪᠠᠢᠨ᠎ᠠ ᠭᠡᠵᠦ ᠠᠰᠠᠭᠤᠯ᠎ᠠ᠃ ᠰᠢᠪᠡᠭᠴᠢᠨ ᠬᠠᠲᠤᠨ ᠢ᠋ ᠬᠠᠷᠠᠵᠤ ᠪᠠᠢᠭᠰᠠᠨ ᠢ᠋ᠶ᠋ᠠᠨ ᠡᠮᠢᠶᠡᠰᠬᠢᠨ᠂   
   — ᠲᠠᠨ ᠤ᠋ ᠦᠰᠦ ᠴᠢᠨᠢ ᠭᠡᠵᠦ ᠬᠡᠯᠡᠯ᠎ᠡ᠃ 
   — ᠬᠠᠲᠤᠨ ᠡᠮᠦᠨᠡᠬᠢ ᠰᠢᠷᠡᠭᠡᠨ ᠳᠡᠭᠡᠷ᠎ᠡ ᠡᠴᠡ ᠵᠢᠵᠢᠭ ᠲᠣᠯᠢ ᠠᠪᠤᠨ ᠥᠪᠡᠷ ᠢ᠋ ᠪᠡᠨ ᠬᠠᠷᠠᠪᠠᠯ ᠦᠰᠦ ᠨᠢ ᠴᠡᠯ ᠪᠤᠭᠤᠷᠤᠯ ᠪᠣᠯᠵᠠᠢ᠃ ᠵᠢᠵᠢᠭᠬᠡᠨ ᠳᠤᠭᠤᠢ ᠲᠣᠯᠢᠨ ᠳᠣᠲᠣᠷ᠎ᠠ ᠥᠭᠡᠳᠡ ᠡᠴᠡ ᠨᠢ ᠬᠠᠷᠠᠵᠤ ᠪᠠᠢᠭ᠎ᠠ ᠡᠨᠡ ᠠᠢᠳᠠᠰ ᠬᠦᠷᠦᠮ᠎ᠡ ᠪᠤᠭᠤᠷᠤᠯ ᠲᠣᠯᠣᠭᠠᠢ ᠲᠠᠢ ᠡᠮᠡᠭᠡᠨ ᠦ᠌ ᠳᠦᠷᠢ ᠲᠥᠷᠬᠦ ᠣᠭᠲᠣ ᠲᠠᠨᠢᠬᠤ ᠦᠭᠡᠢ ᠬᠥᠮᠦᠨ ᠦ᠌ ᠬᠢ ᠶᠤᠮ ᠰᠢᠬ ᠰᠠᠨᠠᠭᠳᠠᠵᠤ ᠲᠥᠷᠭᠡᠨ᠎ᠡ ᠬᠠᠲᠤᠨ ᠰᠣᠴᠢᠭᠰᠠᠨ ᠳ᠋ᠠᠭᠠᠨ ᠭᠠᠷ ᠲᠠᠭᠠᠨ ᠪᠠᠷᠢᠭᠰᠠᠨ ᠲᠣᠯᠢ ᠪᠠᠨ ᠭᠠᠵᠠᠷ ᠲᠤ᠌ ᠰᠢᠳᠡᠯ᠎ᠡ᠃ ᠲᠡᠷᠡ ᠪᠡᠷ ᠨᠢᠭᠡ ᠰᠥᠨᠢ ᠶ᠋ᠢᠨ ᠳᠣᠲᠣᠷ᠎ᠠ ᠦᠰᠦ ᠨᠢ ᠪᠤᠭᠤᠷᠤᠯᠲᠤᠨ ᠪᠣᠰᠴᠤ ᠢᠷᠡᠵᠡᠢ᠃ ᠹᠠᠲ᠋ᠢᠮᠠ ᠶ᠋ᠢᠨ ᠦᠬᠦᠯ ᠲᠡᠭᠦᠨ ᠦ᠌ ᠰᠡᠳᠬᠢᠯ ᠳ᠋ᠦ᠍ ᠭᠦᠨ ᠭᠦᠨᠵᠡᠭᠡᠢ ᠰᠢᠷᠬ᠎ᠠ ᠦᠯᠡᠳᠡᠭᠡᠭᠰᠡᠨ ᠨᠢ ᠢᠯᠡᠳᠲᠡ᠃ ᠮᠠᠭᠠᠳ ᠥᠪᠡᠷ ᠲᠤᠨᠢ ᠴᠤ᠌ ᠡᠢᠮᠦ ᠬᠤᠪᠢ ᠲᠠᠪᠢᠯᠠᠩ ᠢᠷᠡᠵᠦ ᠪᠣᠯᠬᠤ ᠠᠢᠳᠠᠰ ᠲᠥᠷᠥᠭᠰᠡᠨ ᠬᠡᠷᠡᠭ ᠪᠢᠵᠡ᠃ ᠡᠨᠡ ᠦᠶ᠎ᠡ ᠳ᠋ᠦ᠍ ᠭᠠᠳᠠᠨ᠎ᠠ ᠡᠴᠡ ᠬᠠᠲᠤᠨ ᠤ᠋ ᠬᠡᠪᠲᠡᠭᠦᠯ ᠦ᠋ᠨ ᠳᠠᠭᠤ ᠭᠠᠷᠴᠤ᠂   
   — ᠰᠤᠷᠬᠠᠭᠲᠠᠨᠢ ᠬᠠᠲᠤᠨ ᠲᠠᠨ ᠳ᠋ᠤ᠌ ᠪᠠᠷᠠᠯᠬᠠᠬᠤ ᠪᠠᠷ ᠢᠷᠡᠭᠰᠡᠨ ᠪᠠᠢᠨ᠎ᠠ ᠭᠡᠬᠦ ᠨᠢ ᠰᠣᠨᠣᠰᠤᠭᠳᠠᠯ᠎ᠠ᠃ ᠲᠦᠷᠭᠡᠨ᠎ᠡ ᠬᠠᠲᠤᠨ ᠶᠠᠭᠠᠷᠠᠨ ᠰᠠᠨᠳᠤᠷᠴᠤ ᠪᠣᠭᠲᠣ ᠮᠠᠯᠠᠭᠠᠢ ᠪᠠᠨ ᠡᠮᠦᠰᠦᠨ᠂ ᠦᠰᠦ ᠵᠢᠰᠦ ᠪᠡᠨ ᠶᠠᠩᠵᠤᠯᠠᠭᠠᠳ᠂   
   — ᠤᠷᠤᠭᠤᠯ ᠭᠡᠮᠡᠨ ᠵᠠᠷᠯᠢᠭᠳᠠᠬᠤ ᠳ᠋ᠤ᠌ ᠰᠤᠷᠬᠠᠭᠲᠠᠨᠢ ᠬᠠᠲᠤᠨ ᠮᠣᠷᠢᠯᠠᠨ ᠣᠷᠣᠵᠤ ᠢᠷᠡᠯ᠎ᠡ᠃ ᠤᠷᠢᠳᠤ ᠶ᠋ᠢᠨ ᠲᠠᠨᠢᠯ ᠬᠥᠭᠵᠢᠯᠲᠡᠢ ᠬᠢᠷᠢᠨ᠎ᠠ ᠪᠠᠬᠠᠳᠤᠮ᠎ᠠ ᠳᠦᠷᠢ ᠲᠥᠷᠬᠦ ᠲᠡᠢ ᠶᠡᠬᠡᠮᠰᠦᠭ ᠬᠠᠲᠤᠨ ᠨᠠᠰᠤ ᠳᠡᠭᠡᠷ᠎ᠡ ᠭᠠᠷᠤᠭᠰᠠᠨ ᠬᠥᠭᠰᠢᠨ ᠬᠥᠮᠦᠨ ᠰᠢᠭ ᠪᠣᠯᠵᠤ᠂ ᠵᠢᠰᠦ ᠴᠢᠷᠠᠢ ᠨᠢ ᠭᠤᠨᠢᠭᠰᠠᠨ ᠢ᠋ ᠬᠠᠷᠠᠭᠠᠳ ᠲᠡᠷᠡ ᠪᠡᠷ ᠰᠣᠴᠢᠷᠳᠠᠬᠤ ᠰᠢᠭ᠋ ᠪᠣᠯᠪᠠ᠃ ᠲᠦᠷᠭᠡᠨ᠎ᠡ ᠬᠠᠲᠤᠨ ᠲᠠᠨᠢᠭᠳᠠᠬᠤ ᠪᠠᠷ ᠦᠭᠡᠢ ᠥᠭᠡᠷᠡᠴᠢᠯᠡᠭᠳᠡᠵᠡᠢ᠃ ᠦᠨᠡᠨ ᠳ᠋ᠡᠭᠡᠨ ᠶᠠᠭᠤ ᠲᠣᠬᠢᠶᠠᠯᠳᠤᠵᠤ᠂ ᠶᠠᠮᠠᠷ ᠵᠣᠪᠠᠯᠠᠩᠲᠤ ᠠᠮᠢᠳᠤᠷᠠᠯ ᠢ᠋ ᠡᠨᠡ ᠬᠡᠳᠦᠬᠡᠨ ᠰᠠᠷ᠎ᠠ ᠳ᠋ᠤ᠌ ᠳᠤᠭᠤᠯᠤᠭᠠᠳ ᠢᠩᠭᠢᠲᠡᠯ᠎ᠡ ᠭᠤᠨᠳᠠᠭᠰᠠᠨ ᠪᠣᠯᠬᠤ ᠶ᠋ᠢ ᠮᠡᠳᠡᠬᠦ ᠦᠭᠡᠢ ᠴᠤ᠌ ᠰᠡᠳᠬᠢᠯ ᠢ᠋ ᠨᠢ ᠵᠣᠪᠠᠭᠠᠬᠤ ᠦᠭᠡᠢ ᠭᠡᠰᠡᠨ ᠳ᠋ᠡᠭᠡᠨ ᠡᠨᠡ ᠪᠦᠬᠦᠨ ᠢ᠋ ᠠᠩᠵᠠᠭᠠᠷᠠᠭ᠎ᠠ ᠦᠭᠡᠢ ᠶᠤᠮ ᠰᠢᠭ ᠮᠡᠨᠳᠦ ᠮᠡᠳᠡᠨ ᠠᠭᠤᠯᠵᠠᠯ᠎ᠠ᠃ ᠨᠢᠭᠡᠨ ᠴᠠᠭ ᠤ᠋ᠨ ᠴᠣᠪᠣᠭᠣ ᠬᠢᠷᠢᠨ᠎ᠠ ᠬᠡᠷᠰᠡᠦ᠂ ᠡᠷᠡᠰ ᠰᠢᠯᠤᠭᠤᠬᠠᠨ ᠳᠦᠷᠢ ᠲᠥᠷᠬᠦ ᠨᠢ ᠦᠭᠡᠢ ᠪᠣᠯᠵᠤ᠂ ᠦᠨᠡᠨ ᠳ᠋ᠡᠭᠡᠨ ᠲᠦᠷᠭᠡᠨ᠎ᠡ ᠬᠠᠲᠤᠨ ᠢ᠋ ᠭᠡᠬᠦ ᠶᠠᠭᠤᠮ᠎ᠠ ᠲᠡᠭᠦᠨ ᠳ᠋ᠦ᠍ ᠦᠯᠡᠳᠡᠭᠰᠡᠨ ᠦᠭᠡᠢ ᠮᠡᠲᠦ᠃ ᠭᠦᠶᠦᠭ ᠢ᠋ ᠬᠠᠭᠠᠨ ᠰᠠᠭᠤᠳᠠᠯ ᠳ᠋ᠤ᠌ ᠰᠠᠭᠤᠯᠭᠠᠭᠰᠠᠨ ᠶᠡᠬᠡ ᠶᠣᠰᠣᠯᠠᠯ ᠡᠴᠡ ᠬᠣᠢᠰᠢ ᠬᠡᠳᠦᠬᠡᠨ ᠰᠠᠷ᠎ᠠ ᠥᠩᠭᠡᠷᠡᠭᠰᠡᠨ ᠬᠡᠳᠦᠢ ᠴᠤ᠌ ᠬᠡᠳᠦᠨ ᠠᠷᠪᠠᠨ ᠵᠢᠯ ᠥᠩᠭᠡᠷᠡᠭᠰᠡᠨ ᠮᠡᠲᠦ ᠬᠠᠷᠠᠭᠳᠠᠨ᠎ᠠ᠃ ᠲᠡᠳᠡᠨ ᠦ᠌ ᠬᠡᠨ ᠨᠢ ᠬᠡᠷᠬᠢᠨ ᠶᠠᠭᠤ ᠶᠠᠷᠢᠵᠤ ᠡᠬᠢᠯᠡᠬᠦ ᠪᠡᠨ ᠮᠡᠳᠡᠬᠦ ᠦᠭᠡᠢ ᠪᠠᠢᠬᠤ ᠰᠢᠭ᠋ ᠠᠮᠤᠷ ᠮᠡᠨᠳᠦ ᠪᠡᠨ ᠮᠡᠳᠡᠭᠡᠳ ᠬᠡᠰᠡᠭ ᠰᠠᠭᠤᠭᠰᠠᠨ ᠤ᠋ ᠳᠠᠷᠠᠭ᠎ᠠ ᠰᠤᠷᠬᠠᠭᠲᠠᠨᠢ ᠬᠠᠲᠤᠨ ᠠᠮᠠ ᠨᠡᠭᠡᠭᠡᠵᠦ᠂   
   — ᠪᠢᠳᠡᠨ ᠦ᠌ ᠳᠡᠭᠡᠷ᠎ᠡ ᠮᠥᠩᠬᠡ ᠲᠩᠷᠢ ᠪᠦᠬᠦᠨ ᠢ᠋ ᠬᠠᠷᠠᠨ ᠢᠪᠡᠭᠡᠵᠦ ᠪᠠᠢᠳᠠᠭ᠃ ᠰᠡᠳᠬᠢᠯ ᠳ᠋ᠦ᠍ ᠭᠤᠨᠢᠭᠲᠠᠢ᠂ ᠪᠠᠶᠠᠷᠲᠠᠢ ᠪᠦᠬᠦᠨ ᠴᠠᠭ ᠤ᠋ᠨ ᠠᠶᠠᠰ ᠢ᠋ᠶ᠋ᠠᠷ ᠨᠢᠭᠡᠨ ᠴᠣᠯ ᠪᠣᠯᠤᠨ ᠣᠳᠳᠠᠭ ᠵᠢᠮ᠎ᠡ ᠲᠡᠢ ᠭᠡᠵᠦ ᠬᠡᠯᠡᠯ᠎ᠡ᠃ 
   ᠲᠦᠷᠭᠡᠨ᠎ᠡ ᠬᠠᠲᠤᠨ ᠰᠤᠷᠬᠠᠭᠲᠠᠨᠢ ᠶ᠋ᠢᠨ ᠬᠡᠯᠡᠵᠦ ᠪᠠᠢᠭ᠎ᠠ ᠦᠭᠡᠰ ᠢ᠋ ᠳᠣᠲᠣᠷ᠎ᠠ ᠪᠠᠨ ᠲᠤᠩᠭᠠᠨ ᠪᠣᠳᠣᠵᠤ ᠰᠠᠭᠤᠯ᠎ᠠ᠃ 
   ᠪᠣᠯᠵᠤ ᠥᠩᠭᠡᠷᠡᠵᠦ ᠪᠠᠢᠭ᠎ᠠ ᠪᠦᠬᠦᠨ ᠲᠩᠷᠢ ᠶ᠋ᠢᠨ ᠲᠠᠭᠠᠯᠠᠯ ᠢ᠋ᠶ᠋ᠠᠷ ᠯᠠ ᠪᠣᠯᠵᠤ ᠪᠣᠢ ᠬᠡᠷᠡᠭ᠃ ᠰᠠᠢᠨ ᠮᠠᠭᠤ ᠠᠯᠢᠨ ᠴᠤ᠌ ᠪᠠᠢ ᠴᠠᠭ ᠬᠤᠭᠤᠴᠠᠭ᠎ᠠ ᠥᠩᠭᠡᠷᠡᠬᠦ ᠳ᠋ᠦ᠍ ᠤᠷᠤᠰᠤᠨ ᠣᠳᠳᠠᠭ ᠭᠡᠰᠡᠨ ᠰᠠᠨᠠᠭ᠎ᠠ ᠶ᠋ᠢ ᠬᠡᠯᠡᠵᠦ᠂ ᠲᠦᠷᠭᠡᠨ᠎ᠡ ᠬᠠᠲᠤᠨ ᠤ᠋ ᠰᠡᠳᠬᠢᠯ ᠳᠣᠲᠣᠷᠠᠬᠢ ᠭᠦᠨ ᠤᠢᠳᠬᠠᠷ ᠢ᠋ ᠠᠷᠭᠠᠳᠠᠨ ᠪᠠᠢᠭ᠎ᠠ ᠬᠡᠷᠡᠭ ᠭᠡᠳᠡᠭ ᠢ᠋ ᠣᠢᠯᠠᠭᠠᠭᠰᠠᠨ ᠲᠦᠷᠭᠡᠨ᠎ᠡ ᠬᠠᠲᠤᠨ᠂   
   — ᠥᠭᠡᠳᠡᠢ ᠬᠠᠭᠠᠨ ᠨᠠᠰᠤᠨ ᠬᠤᠲᠤᠭ ᠪᠣᠯᠬᠤ ᠳ᠋ᠠᠭᠠᠨ ᠥᠪᠡᠷ ᠦ᠋ᠨ ᠬᠢᠭᠰᠡᠨ ᠰᠠᠢᠨ ᠬᠢᠭᠡᠳ ᠮᠠᠭᠤ ᠦᠢᠯᠡ ᠶ᠋ᠢ ᠲᠣᠭᠠᠴᠢᠨ ᠬᠡᠯᠡᠵᠦ ᠪᠠᠢᠭᠰᠠᠨ᠃ ᠥᠨᠥᠳᠥᠷ ᠴᠤ᠌ ᠲᠡᠷᠡ ᠦᠭᠡᠰ ᠮᠢᠨᠦ ᠴᠢᠬᠢᠨ ᠳ᠋ᠦ᠍ ᠰᠣᠨᠣᠰᠤᠭᠳᠠᠵᠤ ᠪᠠᠢᠨ᠎ᠠ᠃ ᠴᠢᠮ᠎ᠠ ᠡᠴᠡ ᠨᠢᠭᠤᠬᠤ ᠬᠡᠷᠡᠭ ᠶᠠᠭᠤ ᠪᠢᠯᠡ᠃ ᠬᠠᠷᠢᠨ ᠣᠳᠣ ᠪᠢ ᠬᠠᠭᠠᠨ ᠡᠵᠡᠨ ᠦ᠌ ᠪᠡᠨ ᠠᠷᠤ ᠡᠴᠡ ᠪᠤᠴᠠᠬᠤ ᠴᠠᠭ ᠮᠢᠨᠢ ᠪᠣᠯᠤᠭᠰᠠᠨ ᠰᠠᠨᠠᠭᠳᠠᠵᠤ ᠥᠪᠡᠷ ᠦ᠋ᠨ ᠬᠢᠭᠰᠡᠨ ᠰᠠᠢᠨ ᠬᠢᠭᠡᠳ ᠮᠠᠭᠤ ᠦᠢᠯᠡ ᠪᠡᠨ ᠲᠣᠭᠠᠴᠢᠨ ᠪᠣᠳᠣᠵᠤ ᠬᠡᠯᠡᠵᠦ ᠥᠭᠦᠯᠡᠮᠡᠷ ᠰᠠᠨᠠᠭᠳᠠᠪᠠᠴᠤ ᠬᠡᠨ ᠳ᠋ᠡᠭᠡᠨ ᠬᠡᠯᠡᠵᠦ ᠬᠡᠨ ᠦ᠌ ᠪᠡᠨ ᠡᠮᠦᠨ᠎ᠡ ᠰᠡᠳᠬᠢᠯ ᠢ᠋ᠶ᠋ᠡᠨ ᠠᠭᠤᠳᠠᠯᠤᠨ ᠭᠠᠷᠭᠠᠬᠤ ᠪᠢᠯᠡ᠃ ᠭᠠᠭᠴᠠᠭᠠᠷᠳᠠᠬᠤ ᠶ᠋ᠢᠨ ᠶᠡᠬᠡ ᠪᠡᠷ ᠭᠠᠭᠴᠠᠭᠠᠷᠳᠠᠵᠤ ᠪᠠᠢᠨ᠎ᠠ ᠭᠡᠵᠦ ᠬᠡᠯᠡᠬᠦ ᠳ᠋ᠦ᠍ ᠨᠢᠳᠦᠨ ᠳ᠋ᠦ᠍ᠨᠢ ᠨᠢᠯᠪᠤᠰᠤ ᠬᠤᠷᠠᠭᠰᠠᠨ ᠬᠠᠷᠠᠭᠳᠠᠪᠠ᠃ 
   ᠦᠨᠡᠨ ᠳ᠋ᠡᠭᠡᠨ ᠲᠦᠷᠭᠡᠨ᠎ᠡ ᠬᠠᠲᠤᠨ ᠳ᠋ᠤ᠌ ᠳᠣᠲᠣᠨᠣ ᠬᠥᠮᠦᠨ ᠦᠯᠡᠳᠡᠭᠰᠡᠨ ᠦᠭᠡᠢ ᠨᠢ ᠢᠯᠡᠳᠲᠡ᠃ ᠡᠷ᠎ᠡ ᠨᠥᠬᠥᠷ ᠥᠭᠡᠳᠡᠢ ᠬᠠᠭᠠᠨ ᠮᠥᠩᠬᠡ ᠲᠩᠷᠢ ᠶ᠋ᠢᠨ ᠣᠷᠣᠨ᠎ᠠ ᠰᠠᠭᠤᠭ᠎ᠠ᠂ ᠬᠡᠳᠦᠢᠪᠡᠷ ᠲᠡᠷᠡ ᠲᠠᠪᠤᠨ ᠬᠥᠪᠡᠭᠦᠨ ᠲᠥᠷᠥᠭᠦᠯᠦᠭᠰᠡᠨ ᠴᠦ᠍ ᠵᠠᠷᠢᠮ ᠨᠢ ᠪᠠᠭ᠎ᠠ ᠵᠠᠯᠠᠭᠤ ᠳ᠋ᠠᠭᠠᠨ ᠡᠨᠳᠡᠵᠦ᠂ ᠵᠠᠷᠢᠮ ᠨᠢ ᠡᠬᠡ ᠶ᠋ᠢᠨ ᠢ᠋ᠶ᠋ᠡᠨ ᠦᠭᠡ ᠶ᠋ᠢ ᠡᠰᠡ ᠠᠪᠤᠨ᠎ᠠ᠃ ᠲᠡᠭᠦᠨ ᠦ᠌ ᠳᠣᠲᠣᠨᠣ ᠭᠠᠭᠴᠠ ᠬᠥᠮᠦᠨ ᠹᠠᠲ᠋ᠢᠮᠠ ᠬᠢᠭᠰᠡᠨ ᠬᠡᠷᠡᠭ ᠦ᠋ᠨ ᠬᠢᠨᠢ ᠲᠥᠯᠥᠭᠡ ᠶᠠᠯ᠎ᠠ ᠠᠰᠠᠭᠤᠬᠤ ᠭᠦᠶᠦᠭ ᠬᠠᠭᠠᠨ ᠤ᠋ ᠬᠠᠲᠠᠭᠤ ᠴᠡᠭᠡᠷᠯᠡᠯ ᠢ᠋ ᠳᠠᠭᠠᠭᠠᠯ ᠦᠭᠡᠢ ᠬᠣᠷᠣᠭᠠᠭᠳᠠᠯ᠎ᠠ᠃ ᠴᠡᠭᠡᠵᠢ ᠪᠡᠨ ᠠᠭᠤᠳᠠᠯᠬᠤ ᠬᠥᠮᠦᠨ ᠲᠦᠷᠭᠡᠨ᠎ᠡ ᠬᠠᠲᠤᠨ ᠳ᠋ᠤ᠌ ᠥᠨᠥ ᠪᠣᠯ ᠰᠤᠷᠬᠠᠬᠲᠠᠨᠢ ᠡᠴᠡ ᠥᠭᠡᠷ᠎ᠡ ᠬᠥᠮᠦᠨ ᠦᠭᠡᠢ ᠪᠣᠯᠵᠠᠢ᠃ ᠲᠡᠷᠡ ᠪᠡᠷ ᠰᠤᠷᠬᠠᠭᠲᠠᠨᠢ ᠯᠠ ᠭᠠᠭᠴᠠᠬᠠᠨ ᠢᠲᠡᠭᠡᠵᠦ ᠪᠣᠯᠬᠤ ᠬᠥᠮᠦᠨ ᠭᠡᠵᠦ ᠪᠣᠳᠣᠵᠤ ᠪᠠᠢᠭᠰᠠᠨ ᠡᠴᠡ ᠡᠨᠡ ᠪᠦᠬᠦᠨ ᠢ᠋ ᠶᠠᠷᠢᠵᠤ ᠪᠠᠢᠭ᠎ᠠ ᠪᠣᠯᠤᠯᠲᠠᠢ᠂ ᠲᠦᠷᠭᠡᠨ᠎ᠡ ᠬᠠᠲᠤᠨ᠂ 
    —  ᠴᠢ ᠪᠢᠳᠡ ᠬᠣᠶᠠᠷ ᠠᠳᠠᠯᠢᠬᠠᠨ ᠬᠤᠪᠢ ᠵᠠᠶᠠᠭ᠎ᠠ ᠪᠠᠷ ᠠᠮᠢᠳᠤᠷᠠᠵᠤ᠂ ᠠᠳᠠᠯᠢᠬᠠᠨ ᠬᠠᠨ ᠬᠥᠪᠡᠭᠦᠳ ᠢ᠋ ᠲᠥᠷᠥᠭᠦᠯᠵᠦ ᠥᠰᠬᠡᠵᠦ᠂ ᠠᠳᠠᠯᠢᠬᠠᠨ ᠠᠯᠳᠠᠷ ᠨᠡᠷ᠎ᠡ᠂ ᠡᠷᠬᠡ ᠮᠠᠲᠠᠯ ᠤ᠋ᠨ ᠳᠤᠮᠳᠠᠭᠤᠷ ᠶᠠᠪᠤᠭᠰᠠᠨ ᠴᠤ᠌ ᠥᠪᠡᠷ ᠥᠪᠡᠷ ᠦ᠋ᠨ ᠵᠠᠮ ᠢ᠋ᠶ᠋ᠠᠷ ᠶᠠᠪᠤᠵᠤ ᠪᠠᠢᠭᠰᠠᠨ ᠢ᠋ ᠥᠨᠥ ᠪᠢ ᠬᠠᠷᠠᠵᠤ ᠪᠠᠢᠨ᠎ᠠ᠃ ᠪᠢ ᠬᠠᠭᠠᠨ ᠤ᠋ ᠲᠠᠮᠠᠭ᠎ᠠ ᠪᠠᠷᠢᠨ᠂ ᠵᠠᠰᠠᠭ ᠤ᠋ᠨ ᠬᠡᠷᠡᠭ ᠶᠠᠪᠤᠭᠤᠯᠬᠤ ᠬᠦᠨᠳᠦᠬᠡᠨ ᠡᠭᠦᠷᠭᠡ ᠬᠦᠯᠢᠶᠡᠵᠦ ᠪᠠᠢᠭᠰᠠᠨ ᠡᠳᠦᠷ ᠦ᠋ᠳ ᠲᠦ᠍ ᠲᠡᠷᠡ ᠪᠦᠬᠦᠨ ᠢ᠋ ᠦᠨᠡᠨᠴᠢ ᠪᠡᠷ ᠬᠢᠬᠦ ᠶ᠋ᠢ ᠬᠦᠰᠡᠵᠦ ᠪᠠᠢᠭᠰᠠᠨ ᠶᠤᠮ ᠰᠢᠦ᠃ 
   — ᠪᠢ ᠮᠡᠳᠡᠨ᠎ᠡ᠃ ᠲᠦᠷᠭᠡᠨ᠎ᠡ᠂ ᠴᠢ ᠶᠡᠬᠡ ᠮᠣᠩᠭᠣᠯ ᠤ᠋ᠨ ᠲᠥᠷᠥ ᠳ᠋ᠦ᠍ ᠦᠨᠡᠨᠴᠢ ᠪᠠᠢᠭᠰᠠᠨ ᠢ᠋ ᠴᠢᠨᠢ ᠪᠢ ᠮᠡᠳᠡᠨ᠎ᠡ᠃ ᠬᠠᠭᠠᠨ ᠰᠠᠭᠤᠳᠠᠯ ᠢ᠋ ᠰᠠᠬᠢᠨ ᠬᠠᠮᠠᠭᠠᠯᠠᠬᠤ ᠭᠡᠵᠦ ᠬᠡᠷᠬᠢᠨ ᠵᠣᠪᠠᠵᠤ ᠪᠠᠢᠭᠰᠠᠨ ᠢ᠋ ᠴᠢᠨᠢ ᠪᠢ ᠮᠡᠳᠡᠨ᠎ᠡ᠃ 
   — ᠭᠡᠪᠡᠴᠦ ᠪᠢ ᠬᠡᠨ ᠦ᠌ ᠲᠥᠯᠥᠭᠡ᠂ ᠶᠠᠭᠤᠨ  ᠤ᠋ ᠲᠤᠯᠠᠳᠠ ᠢᠩᠭᠢᠵᠦ ᠪᠠᠢᠭᠰᠠᠨ ᠢ᠋ᠶ᠋ᠠᠨ ᠣᠳᠣ ᠮᠡᠳᠡᠬᠦ ᠪᠡᠨ ᠪᠣᠯᠢᠬᠤ ᠰᠢᠭ᠋ ᠰᠠᠨᠠᠭᠳᠠᠨ᠎ᠠ᠃ ᠲᠥᠷᠥᠭᠦᠯᠵᠦ ᠥᠰᠬᠡᠭᠰᠡᠨ ᠦᠷ᠎ᠡ ᠬᠡᠦᠬᠡᠳ ᠮᠢᠨᠢ ᠪᠤᠷᠤᠭᠤ ᠬᠠᠷᠠᠵᠤ᠂ ᠲᠦᠮᠡᠨ ᠦ᠌ ᠲᠥᠯᠥᠭᠡ ᠶᠠᠪᠤᠭᠰᠠᠨ ᠰᠡᠳᠬᠢᠯ ᠮᠢᠨᠢ ᠴᠦ᠍ ᠦᠨᠡᠰᠦᠨ ᠳᠡᠭᠡᠷ᠎ᠡ ᠬᠠᠶᠠᠭᠳᠠᠬᠤ ᠰᠢᠭ᠋ ᠭᠤᠨᠢᠭ ᠲᠠᠢ ᠪᠠᠢᠨ᠎ᠠ ᠭᠡᠵᠦ ᠬᠡᠯᠡᠯ᠎ᠡ᠃ 
   ᠰᠤᠷᠬᠠᠭᠲᠠᠨᠢ ᠬᠠᠲᠤᠨ᠂ ᠥᠭᠡᠳᠡ ᠡᠴᠡ ᠨᠢ ᠬᠠᠷᠠᠵᠤ ᠰᠠᠭᠤᠭ᠎ᠠ ᠨᠢᠭᠡᠨ ᠴᠠᠭ ᠤ᠋ᠨ ᠲᠥᠷᠥ ᠶ᠋ᠢᠨ ᠶᠡᠬᠡ ᠬᠠᠲᠤᠨ᠂ ᠡᠷᠬᠡ ᠮᠠᠲᠠᠯ ᠤ᠋ᠨ ᠮᠠᠩᠯᠠᠢ᠂ ᠬᠦᠴᠦᠷᠬᠡᠭ ᠡᠮᠡᠭᠲᠡᠢ ᠬᠡᠳᠦᠬᠡᠨ ᠰᠠᠷ᠎ᠠ ᠶ᠋ᠢᠨ ᠳᠣᠲᠣᠷ᠎ᠠ ᠬᠡᠷᠬᠢᠨ ᠥᠭᠡᠷᠡᠴᠢᠯᠡᠭᠳᠡᠵᠦ᠂ ᠵᠣᠪᠠᠵᠤ ᠰᠢᠨᠠᠯᠵᠤ ᠪᠣᠢ ᠶ᠋ᠢ ᠬᠠᠷᠠᠭᠠᠳ᠂ ᠦᠷᠦ ᠡᠪᠡᠳᠴᠦ ᠰᠠᠭᠤᠯ᠎ᠠ᠃ ᠦᠨᠡᠨ ᠳ᠋ᠡᠭᠡᠨ ᠡᠴᠦᠰ ᠦ᠋ᠨ ᠮᠥᠴᠡ ᠳ᠋ᠦ᠍ ᠤᠬᠠᠭᠠᠷᠠᠨ᠂ ᠥᠪᠡᠷ ᠦ᠋ᠨ ᠦᠷ᠎ᠡ ᠬᠡᠦᠬᠡᠳ ᠦ᠋ᠨ ᠲᠥᠯᠥᠭᠡ ᠰᠢᠢᠳᠪᠦᠷᠢ ᠭᠠᠷᠭᠠᠵᠤ᠂ ᠭᠦᠶᠦᠭ ᠬᠦᠦ ᠳ᠋ᠡᠭᠡᠨ ᠲᠥᠷᠥ ᠶ᠋ᠢᠨ ᠵᠢᠯᠣᠭᠣ ᠠᠳᠬᠤᠭᠤᠯᠬᠤ ᠭᠡᠵᠦ ᠲᠡᠮᠡᠦᠯᠦᠨ ᠰᠠᠨᠠᠭᠰᠠᠨ ᠳ᠋ᠠᠭᠠᠨ ᠬᠦᠷᠦᠭᠰᠡᠨ ᠡᠨᠡ ᠬᠠᠲᠤᠨ ᠤ᠋ ᠰᠡᠳᠬᠢᠯ ᠳ᠋ᠦ᠍ ᠬᠥᠬᠡ ᠲᠩᠷᠢ ᠮᠥᠩᠬᠡ ᠶ᠋ᠢᠨ ᠠᠮᠤᠭᠤᠯᠠᠩ ᠢ᠋ ᠥᠭᠭᠦᠭᠡ ᠦᠭᠡᠢ ᠠᠵᠢ᠃
   ᠠᠯᠲᠠᠨ ᠤᠭᠠᠯᠵᠠ ᠲᠠᠢ ᠭᠤᠲᠤᠯ ᠢ᠋ᠶ᠋ᠠᠨ ᠳᠣᠭᠣᠭᠰᠢ ᠪᠠᠭᠤᠯᠭᠠᠨ᠂ ᠥᠨᠳᠥᠷ ᠰᠡᠨᠳᠡᠢ ᠡᠴᠡ ᠪᠡᠨ ᠪᠠᠭᠤᠵᠤ ᠢᠷᠡᠬᠦ ᠬᠥᠶᠦᠭ ᠬᠠᠭᠠᠨ᠂ ᠳᠥᠩᠭᠡᠵᠦ ᠰᠠᠶᠢᠬᠠᠨ ᠡᠭᠦᠷᠭᠡ ᠠᠪᠤᠭᠠᠳ ᠬᠦᠨᠳᠦᠳᠬᠡᠯᠲᠡᠶ᠋ᠢᠶ᠎ᠡ ᠵᠣᠭᠰᠣᠬᠤ ᠲᠥᠷᠥ ᠶ᠋ᠢᠨ ᠶᠡᠬᠡᠰ ᠳᠡᠭᠡᠳᠦᠰ᠂ ᠨᠣᠶᠠᠳ ᠲᠦᠰᠢᠮᠡᠳ ᠦ᠋ᠨ ᠳᠤᠮᠳᠠᠭᠤᠷ ᠠᠯᠬᠤᠯ᠎ᠠ᠃ ᠲᠡᠳᠡᠨ ᠦ᠌ ᠳᠤᠮᠳᠠ ᠥᠭᠡᠳᠡᠢ ᠬᠠᠭᠠᠨ ᠤ᠋ ᠦᠶ᠎ᠡ ᠳ᠋ᠦ᠍ ᠦᠨᠡᠨᠴᠢ ᠪᠡᠷ ᠵᠢᠳᠬᠦᠵᠦ ᠪᠠᠢᠭᠰᠠᠨ ᠰᠠᠢᠳ ᠲᠦᠰᠢᠮᠡᠳ ᠴᠦ᠍ ᠬᠠᠷᠠᠭᠳᠠᠨ᠎ᠠ᠃ ᠤᠯᠤᠰ ᠤ᠋ᠨ ᠳᠡᠭᠡᠳᠦ ᠵᠠᠷᠭᠤᠴᠢ ᠮᠦᠬᠠᠮᠥ᠋ᠳ᠋ ᠶᠠᠯᠠᠸᠡᠴᠢ᠂ ᠴᠢᠩᠭᠠᠢ ᠴᠢᠩᠰᠠᠩ ᠨᠠᠷ ᠪᠣᠯᠤᠨ ᠣᠯᠠᠨ ᠱᠠᠰᠢᠨ ᠤ᠋ ᠲᠥᠯᠥᠭᠡᠯᠡᠭᠴᠢᠳ ᠪᠠᠢᠪᠠ᠃
   — ᠡᠨᠡ ᠡᠳᠦᠷ ᠡᠴᠡ ᠬᠣᠢᠰᠢ ᠡᠵᠡᠨᠲᠦ ᠭᠦᠷᠦᠨ ᠦ᠌ ᠥᠨᠴᠥᠭ ᠪᠤᠯᠤᠩ ᠪᠦᠷᠢ ᠳ᠋ᠦ᠍ ᠰᠠᠭᠤᠬᠤ ᠡᠯᠴᠢ ᠲᠥᠯᠥᠭᠡᠯᠡᠭᠴᠢ ᠲᠠ ᠪᠦᠬᠦᠨ ᠥᠪᠡᠷ ᠦ᠋ᠨ ᠭᠠᠵᠠᠷ ᠣᠷᠣᠨ ᠤ᠋ ᠬᠡᠷᠡᠭ ᠢ᠋ ᠶᠠᠪᠤᠭᠤᠯᠵᠤ᠂ ᠶᠡᠬᠡ ᠮᠣᠩᠭᠣᠯ ᠤᠯᠤᠰ ᠤ᠋ᠨ ᠲᠥᠷᠥ ᠳ᠋ᠦ᠍ ᠦᠨᠡᠨᠴᠢ ᠪᠡᠷ ᠵᠢᠳᠬᠦᠬᠦ ᠪᠡᠨ ᠮᠡᠳᠡᠲᠦᠭᠡᠢ ᠭᠡᠮᠡᠨ ᠬᠠᠭᠠᠨ ᠡᠵᠡᠨ ᠬᠡᠯᠡᠪᠡ᠃
ᠣᠷᠳᠣᠨ ᠳ᠋ᠤ᠌ ᠰᠠᠢᠳ ᠲᠦᠰᠢᠮᠡᠳ ᠬᠠᠭᠠᠨ ᠡᠵᠡᠨ ᠦ᠌ ᠬᠡᠰᠢᠭ ᠲᠦ᠍ ᠮᠥᠷᠭᠥᠨ ᠬᠦᠨᠳᠦᠳᠬᠡᠯ ᠢᠯᠡᠷᠬᠡᠢᠯᠡᠭᠡᠳ᠂
   — ᠬᠠᠭᠠᠨᠲᠤ ᠲᠥᠷᠥ ᠳ᠋ᠡᠭᠡᠨ ᠦᠨᠡᠨᠴᠢ ᠪᠡᠷ ᠵᠢᠳᠬᠦᠶ᠎ᠡ ᠭᠡᠮᠡᠨ ᠬᠡᠯᠡᠯ᠎ᠡ᠃ ᠡᠨᠡ ᠬᠥᠮᠦᠰ ᠪᠣᠯ ᠨᠢᠭᠡᠨᠲᠡ ᠠᠯᠳᠠᠭᠳᠠᠭᠠᠳ ᠪᠠᠢᠭᠰᠠᠨ ᠲᠥᠷᠥ ᠶ᠋ᠢᠨ ᠪᠣᠳᠣᠯᠭ᠎ᠠ ᠶ᠋ᠢ ᠰᠡᠷᠭᠦᠭᠡᠨ ᠲᠣᠬᠣᠨᠢᠭᠤᠯᠬᠤ᠂ ᠬᠠᠭᠠᠨ ᠤ᠋ ᠵᠠᠷᠯᠢᠭ ᠢ᠋ᠶ᠋ᠠᠷ ᠡᠵᠡᠨᠲᠦ ᠭᠦᠷᠦᠨ ᠦ᠌ ᠬᠠᠷᠢᠶ᠎ᠠ ᠨᠤᠲᠤᠭ ᠳᠡᠪᠢᠰᠬᠡᠷ ᠲᠦ᠍ ᠣᠴᠢᠵᠤ ᠥᠪᠡᠷ ᠥᠪᠡᠷ ᠦ᠋ᠨ ᠠᠵᠢᠯ ᠡᠭᠦᠷᠭᠡ ᠶ᠋ᠢ ᠭᠦᠢᠴᠡᠳᠬᠡᠬᠦ ᠪᠡᠷ ᠲᠣᠮᠢᠯᠠᠭᠳᠠᠨ ᠶᠠᠪᠤᠵᠤ ᠪᠠᠢᠭ᠎ᠠ ᠰᠠᠢᠳ ᠲᠦᠰᠢᠮᠡᠳ ᠦ᠋ᠳ ᠪᠠᠢᠯ᠎ᠠ᠃ ᠬᠥᠶᠦᠭ ᠬᠠᠭᠠᠨ ᠣᠷᠣ ᠰᠠᠭᠤᠭᠠᠳ᠂ ᠬᠡᠳᠦᠨ ᠰᠠᠷ᠎ᠠ ᠶ᠋ᠢᠨ ᠲᠤᠷᠰᠢ ᠬᠠᠲᠤᠨ ᠡᠬᠡ ᠶ᠋ᠢᠨ ᠬᠢᠨᠢ ᠨᠡᠷ᠎ᠡ ᠶ᠋ᠢ ᠪᠠᠷᠢᠵᠤ᠂ ᠮᠣᠩᠭᠣᠯ ᠲᠥᠷᠥ ᠶ᠋ᠢ ᠵᠠᠪᠬᠠᠷᠠᠭᠤᠯᠤᠭᠰᠠᠨ ᠥᠰᠢᠶᠡᠲᠡᠨ ᠨᠦ᠍ᠭᠦᠳ ᠢ᠋ ᠡᠷᠡᠭᠦᠳᠡᠨ ᠰᠢᠭᠦᠵᠦ᠂ ᠬᠢᠭᠰᠡᠨ ᠪᠤᠵᠠᠷ ᠪᠤᠯᠢᠬᠠᠢ ᠬᠡᠷᠡᠭ ᠢ᠋ ᠨᠢ ᠬᠦᠯᠢᠶᠡᠯᠭᠡᠨ ᠤᠯᠠᠶ᠋ᠢᠯᠭᠠᠭᠠᠳ᠂ ᠲᠥᠷᠥ ᠶ᠋ᠢᠨ ᠶᠡᠬᠡ ᠴᠡᠪᠡᠷᠯᠡᠭᠡ ᠶ᠋ᠢ ᠤᠯᠤᠰ ᠣᠷᠣᠨ ᠳᠠᠶᠠᠭᠠᠷ ᠶᠠᠪᠤᠭᠤᠯᠵᠤ ᠳᠠᠭᠤᠰᠤᠭᠰᠠᠨ ᠲᠤᠯᠠ ᠰᠠᠶᠢ ᠲᠥᠷᠥ ᠤᠯᠤᠰ ᠤ᠋ᠨ ᠬᠡᠷᠡᠭ ᠢ᠋ ᠲᠦᠪᠰᠢᠳᠬᠡᠨ ᠵᠠᠰᠠᠵᠤ᠂ ᠡᠵᠡᠨᠲᠦ ᠭᠦᠷᠦᠨ ᠦ᠌ ᠬᠠᠷᠢᠶ᠎ᠠ ᠨᠤᠲᠤᠭ ᠣᠷᠣᠨ ᠳᠠᠶᠠᠭᠠᠷ ᠬᠠᠭᠠᠨᠲᠤ ᠲᠥᠷᠥ ᠶ᠋ᠢᠨ ᠪᠣᠳᠣᠯᠭ᠎ᠠ ᠶ᠋ᠢ ᠬᠡᠷᠡᠭᠵᠢᠭᠦᠯᠵᠦ ᠡᠬᠢᠯᠡᠵᠡᠢ᠃ ᠬᠠᠭᠠᠨ ᠤ᠋ ᠬᠡᠰᠢᠭ ᠲᠤ᠌ ᠮᠥᠷᠭᠥᠨ᠂ ᠲᠥᠷᠥ ᠳ᠋ᠡᠭᠡᠨ ᠦᠨᠡᠨᠴᠢ ᠪᠡᠷ ᠵᠢᠳᠬᠦᠬᠦ ᠪᠡᠨ ᠠᠮᠠᠯᠠᠭᠰᠠᠨ ᠰᠠᠢᠳ ᠲᠦᠰᠢᠮᠡᠳ ᠦ᠋ᠨ ᠠᠮᠠᠨ ᠠ᠋ᠴᠠ᠄
   — ᠰᠠᠢᠬᠠᠨ ᠴᠠᠭ ᠢᠷᠡᠬᠦ ᠨᠢ ᠤᠤ ᠭᠡᠵᠦ ᠭᠣᠷᠢᠳᠠᠬᠤ ᠪᠣᠯᠤᠯ᠎ᠠ᠃
   — ᠣᠳᠣ ᠯᠠ ᠨᠢᠭᠡ ᠶᠠᠭᠤᠮ᠎ᠠ ᠪᠦᠬᠦᠨ ᠪᠠᠢᠷᠢ ᠪᠠᠢᠷᠢᠨ ᠳ᠋ᠠᠭᠠᠨ ᠣᠷᠣᠵᠤ ᠪᠠᠢᠬᠤ ᠰᠢᠭ᠋ ᠪᠠᠢᠨ᠎ᠠ᠃
   — ᠮᠥᠩᠬᠡ ᠲᠩᠷᠢ ᠬᠠᠷᠠᠵᠤ ᠮᠣᠩᠭᠣᠯ ᠲᠥᠷᠥ ᠵᠥᠪ ᠵᠠᠮ ᠳᠡᠭᠡᠷ᠎ᠡ ᠪᠡᠨ ᠣᠴᠢᠵᠤ ᠪᠠᠢᠨ᠎ᠠ ᠳᠠ ᠭᠡᠵᠦ ᠬᠣᠭᠣᠷᠣᠨᠳᠣ ᠪᠠᠨ ᠶᠠᠷᠢᠯᠴᠠᠨ ᠶᠠᠪᠤᠬᠤ ᠶ᠋ᠢ ᠲᠤᠭᠤᠯᠪᠠᠯ ᠰᠢᠨ᠎ᠡ ᠡᠵᠡᠨ ᠬᠠᠭᠠᠨ ᠬᠡᠳᠦᠢᠪᠡᠷ ᠬᠠᠷᠭᠢᠰᠯᠠᠯ ᠦᠢᠯᠡᠳᠦᠨ᠂ ᠣᠯᠠᠨ ᠲᠦᠮᠡᠨ ᠢ᠋ ᠠᠶᠤᠯᠭᠠᠨ ᠮᠡᠭᠳᠡᠭᠦᠯᠵᠦ ᠪᠠᠢᠭ᠎ᠠ ᠬᠡᠳᠦᠢ ᠴᠦ᠍ ᠬᠠᠭᠠᠨᠲᠤ ᠲᠥᠷᠥ ᠶ᠋ᠢᠨ ᠴᠢᠭ ᠵᠦᠭ ᠢ᠋ ᠵᠥᠪ ᠵᠠᠯᠠᠵᠤ᠂ ᠬᠠᠮᠤᠭ ᠶᠠᠭᠤᠮ᠎ᠠ ᠪᠠᠢᠷᠢ ᠪᠠᠢᠷᠢᠨ ᠳ᠋ᠠᠭᠠᠨ ᠣᠷᠣᠵᠤ ᠪᠣᠢ ᠮᠡᠲᠦ ᠰᠠᠨᠠᠭᠳᠠᠬᠤ ᠠᠵᠢ᠃
   ᠳᠦᠷᠭᠡᠨ᠎ᠡ ᠬᠠᠲᠤᠨ ᠤ᠋ ᠦᠷᠭᠦᠭᠡᠨ ᠳ᠋ᠦ᠍ ᠪᠠᠷᠠᠯᠬᠠᠨ ᠠᠮᠤᠷ ᠮᠡᠨᠳᠦ ᠶ᠋ᠢ ᠨᠢ ᠮᠡᠳᠡᠵᠦ᠂ ᠰᠠᠢᠨ ᠮᠠᠭᠤ ᠦᠢᠯᠡ ᠪᠡᠨ ᠳᠠᠩᠰᠠᠯᠠᠨ ᠰᠠᠭᠤᠭ᠎ᠠ ᠬᠠᠲᠤᠨ ᠲᠠᠢ ᠠᠭᠤᠯᠵᠠᠭᠰᠠᠨ ᠳᠠᠷᠤᠢ ᠳ᠋ᠠᠭᠠᠨ ᠰᠤᠷᠬᠠᠭᠲᠠᠨᠢ ᠬᠠᠲᠤᠨ ᠣᠷᠬᠣᠨ ᠭᠣᠣᠯ ᠤ᠋ᠨ ᠰᠠᠪᠠ ᠪᠠᠷ ᠨᠤᠲᠤᠭᠯᠠᠵᠤ ᠪᠠᠢᠭ᠎ᠠ ᠬᠥᠶᠦᠭ ᠬᠠᠭᠠᠨ ᠳ᠋ᠤ᠌ ᠪᠠᠷᠠᠯᠬᠠᠬᠤ ᠪᠠᠷ ᠶᠠᠪᠤᠯ᠎ᠠ᠃ ᠬᠠᠭᠠᠨ ᠡᠵᠡᠨ ᠦ᠌ ᠦᠷᠭᠦᠭᠡᠨ ᠦ᠌ ᠭᠠᠳᠠᠭ᠎ᠠ ᠲᠥᠷᠥ ᠶ᠋ᠢᠨ ᠰᠠᠢᠳ ᠲᠦᠰᠢᠮᠡᠳ ᠲᠡᠢ ᠲᠠᠭᠠᠷᠠᠨ ᠠᠮᠤᠷ ᠮᠡᠨᠳᠦ ᠪᠡᠨ ᠮᠡᠳᠡᠬᠦ ᠵᠠᠭᠤᠷ᠎ᠠ ᠠᠬᠠᠮᠠᠳ ᠨᠠᠰᠤᠲᠠᠨ ᠮᠦᠬᠠᠮᠥ᠋ᠳ᠋ ᠶᠠᠯᠠᠸᠠᠴᠢ ᠲᠠᠢ ᠬᠡᠳᠦᠨ ᠦᠭᠡ ᠰᠣᠯᠢᠯ᠎ᠠ᠃
 ᠮᠦᠬᠠᠮᠥ᠋ᠳ᠋ ᠶᠠᠯᠠᠸᠠᠴᠢ᠄
   — ᠣᠳᠣ ᠯᠠ ᠨᠢᠭᠡ ᠦᠨᠡᠨ ᠮᠥᠨ ᠨᠢ ᠢᠯᠭᠠᠷᠠᠨ ᠬᠠᠷᠠᠭᠳᠠᠬᠤ ᠰᠠᠢᠬᠠᠨ ᠴᠠᠭ ᠢᠷᠡᠵᠦ ᠶᠠᠪᠤᠭ᠎ᠠ ᠪᠣᠯᠪᠠ ᠤᠤ ᠭᠡᠰᠡᠨ ᠨᠠᠢᠳᠠᠯᠭ᠎ᠠ ᠲᠥᠷᠥᠬᠦ ᠪᠣᠯᠤᠯ᠎ᠠ᠃
ᠥᠩᠭᠡᠷᠡᠭᠰᠡᠨ ᠬᠤᠭᠤᠴᠠᠭᠠᠨ ᠳ᠋ᠤ᠌ ᠰᠠᠢᠳ ᠲᠦᠰᠢᠮᠡᠳ ᠢ᠋ᠶ᠋ᠡᠷ ᠲᠣᠭᠲᠠᠬᠤ ᠦᠭᠡᠢ ᠠᠷᠠᠳ ᠲᠦᠮᠡᠨ ᠠᠮᠤᠭᠤᠯᠠᠩ ᠰᠠᠭᠤᠵᠤ ᠴᠢᠳᠠᠭᠰᠠᠨ ᠦᠭᠡᠢ ᠤᠳᠠᠯ᠎ᠠ᠃ ᠰᠢᠨ᠎ᠡ ᠬᠠᠭᠠᠨ ᠡᠵᠡᠨ ᠤᠯᠤᠰ ᠣᠷᠣᠨ ᠢ᠋ᠶ᠋ᠠᠨ ᠠᠮᠤᠷᠯᠢᠭᠤᠯᠬᠤ ᠭᠡᠵᠦ ᠵᠢᠳᠬᠦᠵᠦ ᠪᠠᠢᠨ᠎ᠠ᠃ ᠬᠡᠳᠦᠢᠪᠡᠷ ᠰᠤᠷᠬᠠᠭᠲᠠᠨᠢ ᠬᠥᠶᠦᠭ ᠬᠠᠭᠠᠨ ᠳ᠋ᠤ᠌ ᠪᠠᠷᠠᠯᠬᠠᠨ ᠠᠭᠤᠯᠵᠠᠵᠤ᠂ ᠬᠠᠲᠤᠨ ᠡᠬᠡ ᠶ᠋ᠢᠨ ᠬᠢᠨᠢ ᠰᠡᠳᠬᠢᠯ ᠴᠢᠯᠡᠭᠡᠨ ᠪᠠᠢᠭ᠎ᠠ ᠦᠨᠡᠨ ᠢ᠋ ᠠᠭᠤᠳᠠᠯᠤᠨ ᠬᠡᠯᠡᠬᠦ ᠭᠡᠵᠦ ᠢᠷᠡᠭᠰᠡᠨ ᠴᠤ ᠡᠨᠡ ᠬᠥᠮᠦᠰ ᠦ᠋ᠨ ᠪᠠᠢᠷᠢ ᠪᠠᠢᠳᠠᠯ ᠢ᠋ ᠬᠠᠷᠠᠭᠠᠳ ᠪᠣᠳᠣᠯ ᠨᠢ ᠥᠭᠡᠷᠡᠴᠢᠯᠡᠭᠳᠡᠬᠦ ᠳ᠋ᠦ᠍ ᠬᠦᠷᠪᠡ᠃ ᠬᠠᠭᠠᠨᠲᠤ ᠲᠥᠷᠥ ᠡᠵᠡᠨ ᠲᠡᠢ ᠪᠣᠯᠵᠠᠢ᠃
   — ᠬᠠᠭᠠᠨ ᠡᠵᠡᠨ ᠰᠤᠷᠬᠠᠭᠲᠠᠨᠢ ᠬᠠᠲᠤᠨᠲᠠᠨ ᠢ᠋ ᠳᠠᠭᠤᠳᠠᠭᠤᠯᠵᠤ ᠪᠠᠢᠨ᠎ᠠ ᠭᠡᠵᠦ ᠣᠷᠳᠣᠨ ᠤ᠋ ᠬᠡᠪᠲᠡᠭᠦᠯ ᠦ᠋ᠨ ᠠᠬᠠᠯᠠᠭᠴᠢ ᠶ᠋ᠢ ᠬᠡᠯᠡᠬᠦ ᠳ᠋ᠦ᠍ ᠲᠡᠷᠡ ᠪᠡᠷ ᠮᠦᠬᠠᠮᠥ᠋ᠳ᠋
ᠶᠠᠯᠠᠸᠠᠴᠢ ᠲᠠᠢ ᠬᠥᠭᠡᠷᠦᠨ ᠪᠠᠢᠭᠰᠠᠨ ᠶᠠᠷᠢᠶ᠎ᠠ ᠪᠠᠨ ᠣᠷᠬᠢᠵᠤ᠂ ᠬᠥᠶᠦᠭ ᠬᠠᠭᠠᠨ ᠤ᠋ ᠦᠷᠭᠦᠭᠡᠨ ᠳ᠋ᠦ᠍ ᠪᠠᠷᠠᠯᠬᠠᠯ᠎ᠠ᠃
   ᠶᠡᠬᠡ ᠬᠠᠭᠠᠳ ᠤ᠋ᠨ ᠰᠡᠨᠳᠡᠢ ᠥᠨᠥ ᠡᠵᠡᠨ ᠲᠡᠢ ᠪᠣᠯᠵᠠᠢ᠃ ᠭᠦᠶᠦᠭ ᠬᠠᠭᠠᠨ ᠤᠷᠢᠳ ᠤᠷᠢᠳ ᠡᠴᠡ ᠢᠯᠡᠭᠦᠦ ᠰᠦᠷᠯᠢᠭ ᠬᠠᠷᠠᠭᠳᠠᠨ᠎ᠠ᠃ᠲᠡᠭᠦᠨ ᠦ᠌ ᠨᠢᠳᠦᠨ ᠦ᠌ ᠬᠠᠷᠠᠴᠠ᠂ ᠠᠪᠤᠷᠢ ᠪᠠᠢᠳᠠᠯ᠂ ᠮᠡᠨᠳᠦ ᠮᠡᠳᠡᠬᠦ ᠨᠢ ᠬᠦᠷᠲᠡᠯ᠎ᠡ ᠥᠭᠡᠷᠡᠴᠢᠯᠡᠭᠳᠡᠵᠡᠢ᠃ᠨᠡᠭᠡᠷᠡᠨ ᠡᠨᠡ ᠬᠡᠳᠦᠨ ᠰᠠᠷ᠎ᠠ ᠶ᠋ᠢᠨ ᠬᠤᠭᠤᠴᠠᠭᠠᠨ ᠳ᠋ᠤ᠌ ᠳᠦᠷᠭᠡᠨ᠎ᠡ ᠬᠠᠲᠤᠨ ᠲᠡᠳᠦᠢ ᠦᠭᠡᠢ ᠲᠡᠭᠦᠨ ᠦ᠌ ᠬᠦᠦ ᠬᠥᠶᠦᠭ ᠬᠠᠭᠠᠨ ᠬᠦᠷᠲᠡᠯ᠎ᠡ ᠲᠠᠨᠢᠭᠳᠠᠬᠤ ᠪᠠᠷ ᠦᠭᠡᠢ ᠥᠭᠡᠷ᠎ᠡ ᠪᠣᠯᠤᠭᠰᠠᠨ ᠨᠢ ᠮᠡᠳᠡᠷᠡᠭᠳᠡᠨ᠎ᠡ᠃
   ᠭᠦᠶᠦᠭ ᠬᠠᠭᠠᠨ ᠦᠷᠭᠦᠭᠡᠨ ᠦ᠌ ᠬᠣᠢᠮᠣᠷ ᠡᠴᠡ ᠰᠤᠷᠬᠠᠭᠲᠠᠨᠢ ᠬᠠᠲᠤᠨ ᠢ᠋ ᠠᠵᠢᠭᠯᠠᠨ ᠬᠠᠷᠠᠵᠤ ᠪᠠᠢᠯ᠎ᠠ᠃ᠦᠨᠡᠨ ᠳ᠋ᠡᠭᠡᠨ ᠰᠤᠷᠬᠠᠭᠲᠠᠨᠢ ᠬᠠᠲᠤᠨ ᠤᠷᠢᠳᠤ ᠶ᠋ᠢᠨ
ᠠᠳᠠᠯᠢ ᠵᠢᠰᠦ ᠴᠢᠷᠠᠢ ᠰᠠᠢᠬᠠᠨ ᠬᠡᠪ ᠢ᠋ᠶ᠋ᠡᠷ ᠨᠠᠰᠤ ᠶᠠᠪᠤᠵᠤ ᠪᠠᠢᠭ᠎ᠠ ᠴᠤ ᠵᠠᠯᠠᠭᠤ ᠶ᠋ᠢᠨ ᠬᠢᠨᠢ ᠭᠠᠯ ᠴᠣᠭ ᠬᠠᠷᠢᠭ᠎ᠠ ᠦᠭᠡᠢ ᠪᠠᠢᠭ᠎ᠠ ᠶ᠋ᠢ ᠬᠠᠷᠠᠭᠠᠳ᠂ ᠨᠢᠭᠡᠨ ᠴᠠᠭ ᠲᠤ᠌ ᠬᠠᠭᠠᠨ ᠡᠴᠢᠭᠡ ᠥᠭᠡᠳᠡᠢ ᠬᠠᠭᠠᠨ ᠲᠡᠭᠦᠨ ᠳ᠋ᠦ᠍ ᠰᠤᠷᠬᠠᠭᠲᠠᠨᠢ ᠬᠠᠲᠤᠨ ᠢ᠋ ᠠᠰᠠᠷᠠᠬᠤᠢ ᠶ᠋ᠢᠨ ᠶᠣᠰᠣ ᠶ᠋ᠢ ᠳᠠᠭᠠᠨ ᠡᠬᠡᠨᠡᠷ ᠪᠣᠯᠭᠠᠨ ᠠᠪᠴᠤ ᠥᠭᠬᠦ ᠭᠡᠵᠦ ᠪᠠᠢᠭᠰᠠᠨ ᠨᠢ ᠪᠣᠳᠣᠭᠳᠠᠯ᠎ᠠ᠃
   — ᠰᠤᠷᠬᠠᠭᠲᠠᠨᠢ ᠬᠠᠲᠤᠨ ᠰᠠᠭᠤᠭᠲᠤᠨ᠃ ᠠᠭᠤᠷᠠᠭ ᠲᠤ᠌ ᠣᠢᠷ᠎ᠠ ᠳ᠋ᠤ᠌ ᠣᠴᠢᠭᠰᠠᠨ ᠦᠭᠡᠢ ᠰᠠᠢᠬᠠᠨ ᠨᠠᠮᠤᠷ ᠪᠣᠯᠵᠤ ᠪᠠᠢᠨ᠎ᠠ ᠤᠤ ᠭᠡᠬᠦ ᠦᠭᠡᠰ  ᠢ᠋ᠶ᠋ᠡᠷ ᠲᠡᠷᠡ ᠪᠡᠷ ᠮᠡᠨᠳᠦ ᠮᠡᠳᠡᠨ ᠤᠭᠲᠤᠯ᠎ᠠ᠃ ᠰᠤᠷᠬᠠᠭᠲᠠᠨᠢ ᠤᠷᠢᠳᠤ ᠶ᠋ᠢᠨ ᠠᠳᠠᠯᠢ ᠡᠩ ᠦ᠋ᠨ ᠶᠠᠷᠢᠶ᠎ᠠ ᠥᠷᠨᠢᠭᠦᠯᠦᠨ ᠤᠭᠲᠤᠵᠤ ᠪᠠᠢᠭ᠎ᠠ ᠭᠦᠶᠦᠭ ᠬᠠᠭᠠᠨ ᠤ᠋ ᠪᠠᠢᠷᠢ ᠪᠠᠢᠳᠠᠯ ᠢ᠋ ᠠᠵᠢᠭᠯᠠᠭᠠᠳ᠂
   — ᠠᠭᠤᠷᠠᠭ ᠲᠤ᠌ ᠰᠠᠢᠬᠠᠨ ᠨᠠᠮᠤᠷ ᠪᠣᠯᠵᠤ ᠪᠠᠢᠨ᠎ᠠ᠃ᠢᠳᠡᠭᠡ ᠤᠮᠳᠠᠭ᠎ᠠ ᠡᠯᠪᠡᠭ ᠳᠡᠯᠪᠡᠭ᠂ ᠤᠷᠭᠤᠴᠠ ᠠᠷᠪᠢᠨ᠂ ᠬᠥᠮᠦᠨ ᠵᠤᠨ ᠤ᠋ ᠰᠡᠳᠬᠢᠯ ᠲᠡᠨᠢᠭᠦᠨ ᠵᠢᠷᠭᠠᠯ ᠲᠠᠢ ᠰᠠᠢᠬᠠᠨ ᠨᠠᠮᠤᠷ ᠪᠣᠯᠵᠤ ᠪᠠᠢᠭ᠎ᠠ ᠨᠢ ᠰᠠᠢᠬᠠᠨ ᠴᠠᠭ ᠢ᠋ ᠠᠷᠭ᠎ᠠ ᠦᠭᠡᠢ ᠯᠡ ᠰᠠᠨᠠᠭᠳᠠᠭᠤᠯᠵᠤ ᠪᠠᠢᠨ᠎ᠠ ᠭᠡᠵᠦ ᠬᠡᠯᠡᠯ᠎ᠡ᠃ ᠭᠦᠶᠦᠭ ᠬᠠᠭᠠᠨ ᠬᠠᠷᠢᠭᠤ ᠳ᠋ᠤᠨᠢ᠂
   — ᠮᠥᠩᠬᠡ ᠲᠩᠷᠢ ᠲᠠᠭᠠᠯᠠᠵᠤ ᠡᠨᠡ ᠵᠢᠯ ᠠᠷᠪᠢᠨ ᠶᠡᠬᠡ ᠬᠤᠷ᠎ᠠ ᠪᠣᠷᠣᠭ᠎ᠠ ᠪᠢᠳᠡᠨ ᠳ᠋ᠦ᠍ ᠬᠠᠢᠷᠠᠯᠠᠯ᠎ᠠ ᠭᠡᠵᠦ ᠬᠡᠯᠡᠪᠡ᠃ ᠰᠤᠷᠬᠠᠭᠲᠠᠨᠢ ᠬᠠᠲᠤᠨ ᠡᠨᠳᠡ ᠢᠷᠡᠬᠦ ᠳ᠋ᠡᠭᠡᠨ ᠭᠦᠶᠦᠭ ᠬᠠᠭᠠᠨ ᠳ᠋ᠤ᠌ ᠥᠪᠡᠷ ᠦ᠋ᠨ ᠪᠣᠳᠣᠯ ᠰᠠᠨᠠᠭ᠎ᠠ ᠪᠠᠨ ᠬᠡᠯᠡᠵᠦ᠂ ᠲᠥᠷᠥ ᠶ᠋ᠢᠨ ᠶᠡᠬᠡᠰ ᠳᠡᠭᠡᠳᠦᠰ ᠦ᠋ᠨ ᠳᠤᠮᠳᠠ ᠶᠠᠪᠤᠭᠤᠯᠵᠤ ᠪᠠᠢᠭ᠎ᠠ ᠡᠨᠡ ᠶᠡᠬᠡ ᠥᠰᠢᠶ᠎ᠡ ᠠᠪᠤᠯᠲᠠ ᠶ᠋ᠢ ᠵᠣᠭᠰᠣᠭᠠᠬᠤ ᠶ᠋ᠢ ᠰᠠᠨᠠᠭᠤᠯᠬᠤ ᠵᠣᠷᠢᠯᠭ᠎ᠠ ᠲᠠᠢ ᠢᠷᠡᠭᠰᠡᠨ ᠪᠢᠯᠡ᠃ᠡᠬᠡ ᠶ᠋ᠢᠨ ᠢ᠋ᠶ᠋ᠡᠨ ᠦᠭᠡ ᠶᠢ ᠴᠤ ᠲᠣᠭᠣᠭ᠎ᠠ ᠦᠭᠡᠢ ᠭᠦᠶᠦᠭ ᠬᠠᠭᠠᠨ ᠲᠡᠭᠦᠨ ᠦ᠌ ᠦᠭᠡ ᠶ᠋ᠢ ᠬᠦᠯᠢᠶᠡᠨ ᠠᠪᠬᠤ ᠨᠢ ᠡᠷᠡᠭᠡᠯᠵᠡᠭᠡ ᠲᠡᠢ᠂ ᠬᠡᠷᠪᠡ ᠡᠬᠡ ᠶ᠋ᠢᠨ ᠦᠭᠡ ᠶ᠋ᠢ ᠰᠣᠨᠣᠰᠤᠭᠰᠠᠨ ᠪᠣᠯ ᠥᠨᠥ ᠳᠦᠷᠭᠡᠨ᠎ᠡ ᠬᠠᠲᠤᠨ ᠲᠡᠢᠮᠦ ᠪᠠᠢᠳᠠᠯ ᠲᠠᠢ ᠰᠠᠭᠤᠵᠤ ᠪᠠᠢᠬᠤ ᠦᠭᠡᠢ ᠰᠠᠨ᠃
   ᠭᠡᠪᠡᠴᠦ ᠬᠡᠯᠡᠬᠦ ᠭᠡᠰᠡᠨ ᠦᠭᠡ ᠪᠡᠨ ᠬᠡᠨ ᠢ᠋ᠶ᠋ᠡᠷ ᠴᠤ᠂ ᠬᠠᠮᠢᠭ᠎ᠠ ᠴᠦ᠍ ᠵᠢᠭᠠᠯᠭᠠᠯ ᠦᠭᠡᠢ ᠬᠡᠯᠡᠭᠰᠡᠭᠡᠷ ᠢᠷᠡᠭᠰᠡᠨ ᠶᠡᠬᠡ ᠡᠵᠡᠨ ᠬᠠᠭᠠᠨ ᠤ᠋ ᠳᠠᠷᠬᠠᠨ ᠪᠡᠷᠢ ᠶ᠋ᠢᠨ ᠬᠤᠪᠢ ᠳ᠋ᠤ᠌ ᠵᠣᠷᠢᠵᠤ ᠢᠷᠡᠭᠰᠡᠨ ᠦᠭᠡ ᠪᠡᠨ ᠬᠡᠯᠡᠬᠦ ᠨᠢ ᠵᠥᠪ ᠭᠡᠮᠡᠨ ᠰᠢᠢᠳᠪᠡ ᠪᠣᠯᠤᠯᠲᠠᠢ᠂
   — ᠨᠢᠭᠡᠨᠲᠡ ᠮᠥᠩᠬᠡ ᠲᠩᠷᠢ ᠲᠠᠭᠠᠯᠠᠵᠤ ᠭᠦᠶᠦᠭ ᠬᠠᠭᠠᠨ ᠲᠠ ᠪᠦᠭᠦᠳᠡ ᠶ᠋ᠢᠨ ᠡᠵᠡᠨ ᠪᠣᠯᠤᠯ᠎ᠠ᠂ ᠮᠥᠩᠬᠡ ᠲᠩᠷᠢ ᠢᠩᠭᠢᠵᠦ ᠳᠠᠭᠠᠯᠠᠭᠰᠠᠨ ᠬᠡᠳᠦᠢ ᠴᠦ᠍ ᠬᠠᠲᠤᠨ ᠡᠬᠡ ᠶ᠋ᠢᠨ ᠲᠠᠨᠢ ᠬᠦᠴᠦᠨ ᠵᠢᠳᠬᠦᠯ ᠬᠠᠮᠤᠭ ᠤ᠋ᠨ ᠶᠡᠬᠡ ᠪᠡᠷ ᠣᠷᠣᠭᠰᠠᠨ ᠭᠡᠳᠡᠭ ᠢ᠋ ᠲᠠ ᠨᠠᠳᠠ ᠪᠠᠷ ᠬᠡᠯᠡᠭᠦᠯᠦᠯᠲᠡ ᠦᠭᠡᠢ ᠮᠡᠳᠡᠵᠦ ᠪᠣᠢ ᠪᠢᠵᠡ ᠠ᠋ ᠭᠡᠮᠡᠨ ᠶᠠᠷᠢᠶ᠎ᠠ ᠪᠠᠨ ᠡᠬᠢᠯᠡᠬᠦ ᠳ᠋ᠦ᠍ ᠬᠥᠶᠦᠭ ᠬᠠᠭᠠᠨ᠂
   — ᠬᠠᠭᠠᠨ ᠪᠢ ᠬᠠᠲᠤᠨ ᠡᠬᠡ ᠶ᠋ᠢᠨ ᠰᠡᠳᠬᠢᠯ ᠢ᠋ ᠣᠢᠯᠠᠭᠠᠯ ᠦᠭᠡᠢ ᠶᠠᠭᠠᠬᠢᠬᠤ ᠪᠢᠯᠡ᠃ ᠬᠠᠲᠤᠨ ᠡᠬᠡ ᠶ᠋ᠢᠨ ᠨᠢᠭᠤᠷ ᠢ᠋ᠶ᠋ᠠᠷ ᠲᠥᠷᠥ ᠶ᠋ᠢᠨ ᠡᠷᠬᠡ ᠶ᠋ᠢ ᠭᠠᠷ ᠲᠠᠭᠠᠨ ᠠᠪᠴᠤ ᠳᠤᠷ᠎ᠠ ᠪᠠᠷ ᠠᠪᠤᠷᠢᠯᠠᠭᠰᠠᠨ ᠡᠲᠡᠭᠡᠳ ᠦ᠋ᠳ ᠢ᠋ ᠰᠢᠭᠦᠨ ᠬᠡᠯᠡᠯᠴᠡᠭᠰᠡᠨ ᠡᠴᠡ ᠥᠭᠡᠷ᠎ᠡ ᠵᠦᠢᠯ ᠦᠭᠡᠢ ᠭᠡᠵᠦ ᠬᠠᠷᠢᠭᠤᠯᠬᠤ ᠨᠢ ᠰᠤᠷᠬᠠᠭᠳᠠᠨᠢ ᠶ᠋ᠢᠨ ᠶᠠᠭᠤᠨ ᠲᠤᠬᠠᠢ ᠬᠡᠯᠡᠬᠦ ᠭᠡᠵᠦ ᠢᠷᠡᠭᠰᠡᠨ ᠢ᠋ ᠣᠢᠯᠭᠠᠭᠰᠠᠨ ᠬᠥᠮᠦᠨ ᠦ᠌ ᠬᠠᠷᠢᠭᠤᠯᠲᠠ ᠪᠠᠢᠯ᠎ᠠ᠃
   — ᠬᠠᠲᠤᠨ ᠡᠬᠡ ᠴᠢᠨᠢ ᠰᠡᠳᠬᠢᠯ ᠰᠠᠨᠠᠭ᠎ᠠ ᠨᠢ ᠶᠠᠮᠠᠷ ᠪᠠᠢᠨ᠎ᠠ ᠭᠡᠵᠦ ᠬᠠᠭᠠᠨᠲᠠᠨ ᠪᠣᠳᠣᠨ᠎ᠠ ᠪᠣᠢ᠃ ᠪᠢ ᠰᠠᠶᠢ ᠳᠦᠷᠭᠡᠨ᠎ᠡ ᠬᠠᠲᠤᠨ ᠤ᠋ ᠦᠷᠭᠦᠭᠡᠨ ᠡᠴᠡ ᠢᠷᠡᠯ᠎ᠡ᠃ ᠶᠡᠬᠡ ᠡᠵᠡᠨ ᠴᠢᠩᠭᠢᠰ ᠬᠠᠭᠠᠨ ᠨᠢᠭᠡᠨᠲᠡ《ᠪᠡᠶ᠎ᠡ ᠶ᠋ᠢ ᠨᠢ ᠬᠤᠷᠢᠶᠠᠬᠤ ᠪᠠᠷ᠂ ᠰᠡᠳᠬᠢᠯ ᠢ᠋ ᠨᠢ ᠬᠤᠷᠢᠶᠠ᠂ ᠰᠡᠳᠬᠢᠯ ᠢ᠋ ᠨᠢ ᠬᠤᠷᠢᠶᠠᠭᠰᠠᠨ ᠴᠠᠭ ᠲᠤ ᠪᠡᠶ᠎ᠡ ᠨᠢ ᠠᠶᠠᠨᠳᠠᠭᠠᠨ ᠢᠷᠡᠨ᠎ᠡ》 ᠭᠡᠵᠦ ᠬᠡᠯᠡᠭᠰᠡᠨ ᠪᠠᠢᠳᠠᠭ᠃ ᠬᠠᠭᠠᠨᠲᠠᠨ ᠥᠨᠥ ᠪᠡᠶ᠎ᠡ ᠶ᠋ᠢ ᠬᠤᠷᠢᠶᠠᠬᠤ ᠶ᠋ᠢ ᠴᠢᠬᠤᠯᠠᠴᠢᠯᠠᠭᠠᠳ ᠪᠠᠢᠬᠤ ᠰᠢᠭ᠋ ᠰᠠᠨᠠᠭᠳᠠᠬᠤ ᠶᠤᠮ᠃ ᠶᠠᠭᠤ ᠬᠢᠬᠦ ᠪᠡᠨ ᠬᠠᠭᠠᠨ ᠡᠵᠡᠨ ᠮᠡᠳᠡᠬᠦ ᠪᠢᠯᠡ᠃ ᠬᠠᠭᠠᠨᠲᠤ ᠲᠥᠷᠥ ᠡᠵᠡᠨ ᠲᠡᠢ ᠪᠣᠯᠤᠭᠰᠠᠨ ᠠᠲᠠᠯ᠎ᠠ ᠥᠨᠥ ᠬᠢᠷᠢ ᠲᠥᠷᠥ ᠶ᠋ᠢᠨ ᠰᠠᠢᠳ ᠲᠦᠰᠢᠮᠡᠳ ᠦ᠋ᠨ ᠳᠤᠮᠳᠠ ᠠᠢᠳᠠᠰ ᠬᠦᠢᠲᠡᠰ ᠲᠦᠭᠰᠢᠭᠦᠷᠢ ᠲᠥᠷᠥᠭᠦᠯᠵᠦ ᠪᠠᠢᠭ᠎ᠠ ᠶᠠᠪᠤᠳᠠᠯ ᠳ᠋ᠤ᠌ ᠡᠬᠡ ᠶ᠋ᠢᠨ ᠲᠠᠨᠢ ᠠᠳᠠᠯᠢ ᠮᠢᠨᠦ ᠴᠤ ᠰᠡᠳᠬᠢᠯ ᠡᠪᠡᠳᠦᠨ ᠴᠢᠯᠡᠬᠦ ᠶᠤᠮ ᠭᠡᠵᠦ ᠬᠡᠯᠡᠯ᠎ᠡ᠃
   《ᠶᠠᠭᠤ ᠶ᠋ᠢ ᠬᠢᠬᠦ ᠪᠡᠨ ᠬᠠᠭᠠᠨ ᠡᠵᠡᠨ ᠮᠡᠳᠡᠬᠦ》 ᠭᠡᠵᠦ ᠬᠡᠯᠡᠵᠦ ᠪᠠᠢᠭ᠎ᠠ ᠴᠤ ᠮᠥᠩᠬᠡ ᠲᠩᠷᠢ ᠶ᠋ᠢᠨ ᠳᠣᠣᠷ᠎ᠠ ᠬᠠᠭᠠᠨ ᠤ᠋ ᠰᠦᠷ ᠢ᠋ᠶ᠋ᠡᠷ ᠬᠠᠷᠭᠢᠰᠯᠠᠯ ᠦᠢᠯᠡᠳᠦᠨ ᠪᠠᠢᠭ᠎ᠠ ᠶ᠋ᠢ ᠨᠢ ᠡᠰᠡᠷᠭᠦᠴᠡᠨ ᠪᠣᠢ ᠪᠠᠨ ᠰᠢᠭᠤᠳ ᠰᠢᠯᠤᠭᠤᠬᠠᠨ ᠬᠡᠯᠡᠵᠦ ᠪᠠᠢᠭ᠎ᠠ ᠡᠨᠡ ᠬᠠᠲᠤᠨ ᠤ᠋ ᠦᠭᠡ ᠬᠠᠭᠠᠨ ᠳ᠋ᠤ᠌ ᠲᠠᠭᠠᠯᠠᠭᠳᠠᠭᠰᠠᠨ ᠦᠭᠡᠢ ᠪᠣᠯᠤᠯᠲᠠᠢ᠃
   — ᠶᠠᠭᠤ ᠶ᠋ᠢ ᠬᠢᠬᠦ ᠪᠡᠨ ᠬᠠᠭᠠᠨ ᠡᠵᠡᠨ ᠮᠡᠳᠡᠨ᠎ᠡ ᠭᠡᠳᠡᠭ ᠦᠭᠡ ᠦᠨᠡᠨ ᠪᠣᠯᠠᠢ᠃ ᠮᠥᠩᠬᠡ ᠲᠩᠷᠢ ᠪᠦᠭᠦᠳᠡ ᠶ᠋ᠢ ᠬᠠᠷᠠᠵᠤ ᠪᠣᠯᠭᠣᠭᠠᠵᠤ ᠪᠠᠢᠭ᠎ᠠ᠂ ᠬᠠᠲᠤᠨ ᠲᠠ ᠠᠮᠤᠭᠤᠯᠠᠩ ᠪᠠᠢᠵᠤ ᠪᠣᠯᠤᠨ᠎ᠠ ᠭᠡᠯ᠎ᠡ᠃
ᠡᠨᠡ ᠦᠭᠡ ᠬᠥᠶᠦᠭ ᠬᠠᠭᠠᠨ ᠰᠤᠷᠬᠠᠭᠲᠠᠨᠢ ᠶ᠋ᠢᠨ ᠦᠭᠡ ᠶ᠋ᠢ ᠬᠦᠯᠢᠶᠡᠨ ᠠᠪᠬᠤ ᠡᠴᠡ ᠲᠠᠲᠠᠭᠠᠯᠵᠠᠵᠤ ᠪᠠᠢᠭ᠎ᠠ ᠶ᠋ᠢ ᠢᠯᠡᠳᠬᠡᠨ᠎ᠡ᠃ ᠶᠡᠬᠡ ᠡᠵᠡᠨ ᠴᠢᠩᠭᠢᠰ ᠬᠠᠭᠠᠨ ᠬᠦᠷᠲᠡᠯ᠎ᠡ ᠰᠤᠷᠬᠠᠭᠲᠠᠨᠢ ᠬᠠᠲᠤᠨ ᠤ᠋ ᠦᠭᠡ ᠶ᠋ᠢ ᠬᠦᠯᠢᠶᠡᠨ ᠰᠣᠨᠣᠰᠳᠠᠭ ᠪᠠᠢᠭᠰᠠᠨ ᠰᠠᠨ᠃ ᠥᠭᠡᠳᠡᠢ ᠬᠠᠭᠠᠨ ᠡᠵᠡᠨ ᠴᠦ᠍ ᠮᠥᠨ ᠠᠳᠠᠯᠢ ᠰᠤᠷᠬᠠᠭᠲᠠᠨᠢ ᠬᠠᠲᠤᠨ ᠤ᠋ ᠴᠢᠩ ᠰᠡᠳᠬᠢᠯ᠂ ᠰᠡᠴᠡᠨ ᠪᠢᠯᠢᠭ ᠢ ᠮᠡᠳᠡᠳᠡᠭ ᠪᠠᠢᠭᠰᠠᠨ ᠤ᠋ ᠬᠤᠪᠢ ᠳ᠋ᠤ᠌ ᠡᠨᠡ ᠬᠠᠲᠤᠨ ᠢ᠋ᠶ᠋ᠠᠷ ᠲᠥᠷᠥ ᠶ᠋ᠢᠨ ᠡᠷᠬᠡ ᠮᠡᠳᠡᠭᠦᠯᠵᠦ ᠪᠠᠢᠭᠰᠠᠨ ᠤᠳᠠᠭ᠎ᠠ ᠲᠠᠢ᠃ ᠬᠠᠷᠢᠨ ᠡᠨᠡ ᠤᠳᠠᠭ᠎ᠠ ᠳ᠋ᠤ᠌ ᠭᠦᠶᠦᠭ ᠬᠠᠭᠠᠨ ᠲᠠᠲᠠᠭᠠᠯᠵᠠᠭᠰᠠᠨ ᠬᠠᠷᠢᠭᠤ ᠥᠭᠭᠦᠯ᠎ᠡ᠃ ᠨᠢᠭᠡᠨᠲᠡ ᠬᠠᠭᠠᠨ ᠲᠠᠲᠠᠭᠠᠯᠵᠠᠭᠰᠠᠨ ᠲᠤᠯᠠ ᠶᠠᠭᠤ ᠶ᠋ᠢ ᠨᠡᠮᠡᠵᠦ ᠥᠭᠦᠯᠡᠬᠦ ᠪᠢᠯᠡ᠃ ᠰᠤᠷᠬᠠᠭᠲᠠᠨᠢ《ᠮᠥᠩᠬᠡ ᠬᠥᠬᠡ ᠲᠡᠭᠷᠢ ᠮᠢᠨᠢ᠂ ᠮᠣᠩᠭᠣᠯ ᠲᠥᠷᠥ ᠶ᠋ᠢ ᠢᠪᠡᠭᠡᠯ ᠥᠷᠥᠰᠢᠶᠡᠯ ᠳ᠋ᠡᠭᠡᠨ ᠪᠣᠯᠭᠣᠭ᠎ᠠ》 ᠭᠡᠮᠡᠨ ᠰᠥᠰᠥᠯᠡᠨ ᠪᠣᠳᠣᠭᠠᠳ᠂ ᠥᠭᠡᠷ᠎ᠡ ᠵᠦᠢᠯ ᠨᠡᠮᠡᠵᠦ ᠬᠡᠯᠡᠯ ᠦᠭᠡᠢ ᠪᠡᠷ ᠬᠠᠭᠠᠨ ᠤ᠋ ᠣᠷᠳᠣᠨ ᠡᠴᠡ ᠭᠠᠷᠴᠤ ᠶᠠᠪᠤᠯ᠎ᠠ᠃
   ᠬᠠᠷᠢᠨ ᠡᠨᠡ ᠡᠳᠦᠷ ᠡᠴᠡ ᠬᠣᠢᠰᠢ ᠬᠡᠳᠦᠨ ᠬᠣᠨᠣᠭ ᠤ᠋ᠨ ᠳᠠᠷᠠᠭ᠎ᠠ ᠳᠦᠷᠭᠡᠨ᠎ᠡ ᠬᠠᠲᠤᠨ ᠬᠠᠷᠠᠬᠣᠷᠣᠮ ᠤ᠋ᠨ ᠣᠢᠷᠠᠯᠴᠠᠭ᠎ᠠ ᠤᠷᠲᠤ ᠦᠷᠭᠦᠭᠡᠨ ᠳ᠋ᠡᠭᠡᠨ ᠶᠢᠷᠲᠢᠨᠴᠦ ᠶ᠋ᠢᠨ ᠮᠥᠩᠬᠡ ᠪᠤᠰᠤ ᠶ᠋ᠢ ᠦᠵᠡᠵᠦ᠂ ᠮᠥᠩᠬᠡ ᠲᠡᠭᠷᠢ ᠶ᠋ᠢᠨ ᠣᠷᠣᠨ᠎ᠠ ᠣᠳᠤᠭᠰᠠᠨ ᠪᠠᠢᠨ᠎ᠠ ᠭᠡᠰᠡᠨ ᠮᠡᠳᠡᠭᠡ ᠰᠣᠨᠣᠰᠤᠭᠳᠠᠯ᠎ᠠ᠃ ᠪᠤᠬᠠᠷ ᠬᠣᠲᠠ ᠶ᠋ᠢ ᠵᠣᠷᠢᠬᠤ ᠪᠠᠷ ᠠᠶᠠᠨ ᠵᠠᠮ ᠤ᠋ᠨ ᠪᠡᠯᠡᠳᠬᠡᠯ ᠪᠠᠵᠠᠭᠠᠨ ᠪᠠᠢᠭᠰᠠᠨ ᠰᠤᠷᠬᠠᠭᠲᠠᠨᠢ ᠬᠠᠲᠤᠨ ᠤᠳᠠᠬᠤ ᠦᠭᠡᠢ ᠭᠠᠷᠬᠤ ᠤᠷᠲᠤ ᠠᠶᠠᠨ ᠢ᠋ᠶ᠋ᠠᠨ ᠲᠦᠷ ᠬᠣᠢᠰᠢᠯᠠᠭᠤᠯᠤᠯ᠎ᠠ᠃ ᠳᠦᠷᠭᠡᠨ᠎ᠡ ᠬᠠᠲᠤᠨ ᠢ ᠲᠩᠷᠢ ᠶ᠋ᠢᠨ ᠣᠷᠣᠨ᠎ᠠ ᠮᠥᠩᠬᠡᠳᠡ ᠰᠠᠭᠤᠬᠤ ᠪᠠᠷ ᠣᠳᠤᠭᠰᠠᠨ ᠥᠭᠡᠳᠡᠢ ᠬᠠᠭᠠᠨ ᠢ ᠨᠤᠲᠤᠭᠯᠠᠭᠤᠯᠤᠭᠰᠠᠨ ᠭᠠᠵᠠᠷ ᠭᠤᠷᠪᠠᠨ ᠭᠣᠣᠯ ᠤ᠋ᠨ ᠬᠥᠨᠳᠡᠢ ᠳ᠋ᠦ᠍ ᠪᠠᠢᠷᠢᠯᠠᠬᠤ ᠶᠡᠬᠡ ᠬᠠᠭᠠᠨ ᠤ᠋ ᠱᠠᠷᠢᠯ ᠮᠥᠩᠬᠡᠳᠡ ᠨᠣᠢᠷᠰᠤᠨ ᠪᠣᠢ《ᠶᠡᠬᠡ ᠬᠣᠷᠢᠭ》 ᠬᠡᠮᠡᠬᠦ ᠨᠠᠷᠠ ᠡᠭᠡᠭᠡᠭᠰᠡᠨ ᠲᠡᠨᠢᠭᠦᠨ ᠡᠩᠭᠡᠷ ᠲᠦ᠍ ᠨᠤᠲᠤᠭᠯᠠᠭᠤᠯᠤᠯ᠎ᠠ᠃ ᠡᠨᠡ ᠣᠢ ᠭᠠᠰᠢᠭᠤᠨ ᠤ᠋ ᠦᠶ᠎ᠡ ᠪᠡᠷ ᠡᠬᠡ ᠶ᠋ᠢᠨ ᠢ᠋ᠶ᠋ᠡᠨ ᠠᠯᠲᠠᠨ ᠱᠠᠷᠢᠯ ᠤ᠋ᠨ ᠡᠮᠦᠨ᠎ᠡ ᠵᠣᠭᠰᠣᠬᠤ ᠭᠦᠶᠦᠭ ᠬᠠᠭᠠᠨ᠄
   — ᠮᠥᠩᠬᠡ ᠲᠡᠭᠷᠢ ᠨᠠᠷᠠ ᠲᠠᠢ ᠰᠠᠷᠠ ᠲᠠᠢ ᠭᠡᠳᠡᠭ ᠢ᠋᠂ ᠦᠷ᠎ᠡ ᠬᠡᠦᠬᠡᠳ ᠡᠴᠢᠭᠡ ᠡᠬᠡ ᠲᠡᠢ ᠭᠡᠳᠡᠭ ᠢ ᠤᠮᠠᠷᠲᠠᠭᠰᠠᠨ ᠬᠦᠦ ᠪᠡᠨ ᠥᠷᠥᠰᠢᠶᠡ᠃ ᠡᠨᠡ ᠪᠦᠬᠦᠨ ᠢ᠋ ᠡᠬᠡ ᠮᠢᠨᠢ ᠥᠪᠡᠷ  ᠦ᠋ᠨ ᠪᠡᠶ᠎ᠡ ᠪᠡᠷ ᠣᠢᠯᠠᠭᠠᠭᠤᠯᠤᠨ᠂ ᠦᠷ᠎ᠡ ᠨᠠᠳᠠ ᠡᠴᠡ ᠡᠭᠦᠷᠢᠳᠡ ᠲᠠᠰᠤᠷᠠᠨ ᠶᠠᠪᠤᠯ᠎ᠠ ᠭᠡᠮᠡᠨ ᠰᠡᠳᠬᠢᠯ ᠳᠣᠲᠣᠷᠠᠬᠢ ᠭᠦᠨ ᠬᠥᠨᠳᠡᠭᠦᠷ ᠢ᠋ᠶ᠋ᠡᠨ ᠢᠯᠡ ᠭᠠᠷᠭᠠᠨ ᠪᠠᠢᠪᠠ᠃
ᠬᠠᠭᠠᠨ ᠤ᠋ ᠠᠮᠠᠨ ᠡᠴᠡ ᠭᠠᠷᠤᠭᠰᠠᠨ ᠡᠨᠡ ᠬᠡᠳᠦᠨ ᠦᠭᠡ ᠳᠠᠯᠠᠢ ᠶᠡᠬᠡ ᠬᠠᠭᠠᠨ ᠭᠦᠶᠦᠭ ᠦ᠋ᠨ ᠰᠡᠳᠬᠢᠯ ᠦ᠋ᠨ ᠴᠣᠬᠣᠮ ᠬᠦ᠌ ᠦᠨᠡᠨ ᠢ᠋ ᠬᠠᠷᠠᠭᠤᠯᠤᠯ᠎ᠠ᠃ ᠳᠦᠷᠭᠡᠨ᠎ᠡ ᠬᠠᠲᠤᠨ ᠤ᠋ ᠭᠡᠨᠡᠳᠲᠡ ᠥᠭᠡᠳᠡ ᠪᠣᠯᠤᠭᠰᠠᠨ ᠡᠨᠡ ᠣᠢ ᠭᠠᠰᠢᠭᠤ ᠨᠢ ᠬᠥᠶᠦᠭ ᠬᠠᠭᠠᠨ  ᠤ᠋ ᠰᠡᠳᠬᠢᠯ ᠵᠢᠷᠦᠬᠡᠨ ᠳ᠋ᠦ᠍ ᠮᠥᠩᠬᠡ ᠶ᠋ᠢᠨ ᠰᠢᠷᠬ᠎ᠠ ᠰᠣᠷᠪᠢ ᠪᠣᠯᠤᠨ ᠦᠯᠡᠲᠡᠯ᠎ᠡ᠃
ᠨᠠᠷᠠ ᠰᠠᠷᠠ ᠦᠭᠡᠢ ᠲᠩᠷᠢ ᠪᠠᠢᠳᠠᠭ ᠦᠭᠡᠢ ᠶ᠋ᠢᠨ ᠠᠳᠠᠯᠢ᠂ ᠡᠴᠢᠭᠡ ᠡᠬᠡ ᠦᠭᠡᠢ ᠬᠥᠮᠦᠨ ᠪᠠᠢᠳᠠᠭ ᠦᠭᠡᠢ ᠰᠢᠭ᠌᠂ ᠴᠡᠭᠡᠵᠢᠨ ᠳᠣᠲᠣᠷ᠎ᠠ ᠨᠢ ᠴᠣᠬᠢᠯᠠᠨ ᠪᠠᠢᠬᠤ ᠵᠢᠷᠦᠬᠡ ᠦᠭᠡᠢ ᠬᠥᠮᠦᠨ ᠦᠭᠡᠢ ᠪᠢᠯᠡ᠃
   ᠬᠡᠳᠦ ᠬᠣᠨᠣᠭ ᠤ᠋ᠨ ᠳᠠᠷᠠᠭ᠎ᠠ ᠰᠤᠷᠬᠠᠭᠲᠠᠨᠢ ᠬᠠᠲᠤᠨ ᠪᠤᠬᠠᠷ ᠬᠣᠲᠠ ᠶ᠋ᠢ ᠵᠣᠷᠢᠯ᠎ᠠ᠃ ᠬᠣᠯᠠ ᠶ᠋ᠢᠨ ᠬᠣᠯᠠ᠂ ᠠᠯᠤᠰ ᠤ᠋ᠨ ᠠᠯᠤᠰ ᠲᠤ᠌ ᠲᠠᠯ᠎ᠠ ᠨᠤᠲᠤᠭ ᠨᠢ ᠴᠡᠩᠬᠡᠷᠲᠦᠨ ᠦᠯᠡᠲᠡᠯ᠎ᠡ᠃ ᠲᠡᠷᠡ ᠪᠡᠷ《ᠬᠥᠬᠡ ᠮᠥᠩᠬᠡ ᠲᠩᠷᠢ᠂ ᠬᠥᠷᠥᠰᠥᠲᠦ ᠭᠠᠵᠠᠷ ᠰᠢᠷᠣᠢ᠂ ᠮᠥᠩᠬᠡᠳᠡ ᠮᠠᠨᠳᠤᠬᠤ ᠨᠠᠷᠠ᠂ ᠮᠥᠷᠡᠨ ᠭᠣᠣᠯ ᠠᠭᠤᠯᠠ ᠤᠰᠤ ᠮᠢᠨᠢ ᠶᠡᠬᠡ ᠮᠣᠩᠭᠣᠯ ᠤᠯᠤᠰ ᠢ᠋ ᠮᠢᠨᠢ ᠢᠪᠡᠭᠡᠯ ᠳ᠋ᠡᠭᠡᠨ ᠪᠠᠭᠲᠠᠭᠠᠵᠤ ᠰᠠᠭᠤᠨ᠎ᠠ ᠤᠤ》 ᠭᠡᠵᠦ ᠰᠡᠳᠬᠢᠯ ᠳ᠋ᠡᠭᠡᠨ ᠰᠢᠪᠡᠨᠡᠨ ᠡᠬᠡ ᠨᠤᠲᠤᠭ ᠠ᠋ᠴᠠ ᠪᠠᠨ ᠠᠶᠠᠷᠯᠠᠪᠠ᠃ ᠰᠤᠷᠬᠠᠭᠲᠠᠨᠢ ᠬᠠᠲᠤᠨ ᠢ᠋ ᠪᠤᠬᠠᠷ ᠬᠣᠲᠠ ᠳ᠋ᠤ᠌ ᠢᠷᠡᠬᠦ ᠳ᠋ᠦ᠍ ᠡᠨᠡ ᠭᠠᠵᠠᠷ ᠤ᠋ᠨ ᠬᠡᠷᠡᠭ ᠢ᠋ ᠵᠠᠰᠠᠵᠤ ᠰᠠᠭᠤᠭ᠎ᠠ ᠬᠦᠦ ᠬᠥᠯᠡᠬᠦ ᠪᠣᠯᠤᠨ ᠦᠯᠢ ᠢᠰᠯᠠᠮ ᠨᠠᠷ ᠤᠭᠲᠤᠨ ᠠᠪᠤᠯ᠎ᠠ᠃ ᠲᠠᠯ᠎ᠠ ᠨᠤᠲᠤᠭ ᠡᠴᠡ ᠢᠷᠡᠬᠦ ᠳ᠋ᠡᠭᠡᠨ ᠰᠡᠳᠬᠢᠯ ᠰᠠᠨᠠᠭ᠎ᠠ ᠰᠠᠢᠨ ᠦᠭᠡᠢ ᠪᠠᠢᠭᠰᠠᠨ ᠬᠠᠲᠤᠨ ᠡᠬᠡ᠂ ᠥᠪᠡᠷ ᠦ᠋ᠨ ᠨᠡᠷ᠎ᠡ ᠪᠡᠷ ᠨᠡᠷᠡᠯᠡᠭᠳᠡᠨ᠂ ᠡᠭᠦᠳᠡ ᠪᠡᠨ ᠨᠡᠭᠡᠭᠡᠭᠰᠡᠨ ᠬᠠᠲᠤᠨ ᠤ᠋ ᠰᠤᠷᠭᠠᠭᠤᠯᠢ ᠪᠠᠨ ᠦᠵᠡᠵᠦ ᠰᠣᠨᠢᠷᠬᠠᠨ ᠶᠠᠪᠤᠬᠤ ᠳ᠋ᠤ᠌ ᠲᠡᠷᠲᠡᠭᠡ ᠬᠣᠯᠠ ᠡᠴᠡ ᠳᠡᠭᠡᠬᠡᠨ ᠢᠷᠡᠭᠰᠡᠨ ᠤᠢᠳᠬᠠᠷ ᠭᠤᠨᠢᠭ ᠤ᠋ᠨ ᠬᠦᠨᠳᠦ ᠬᠥᠰᠢᠭᠡ ᠨᠡᠭᠡᠭᠡᠭᠳᠡᠨ᠂ ᠨᠢᠳᠦᠨ ᠦ᠌ ᠬᠢᠨᠢ ᠡᠮᠦᠨ᠎ᠡ ᠭᠡᠭᠡ ᠲᠠᠲᠠᠬᠤ ᠰᠢᠭ᠋ ᠪᠣᠯᠪᠠ᠃ ᠦᠨᠡᠨ ᠳ᠋ᠡᠭᠡᠨ ᠮᠥᠷᠥᠭᠡᠳᠦᠯ ᠠᠮᠢᠯᠠᠵᠠᠢ᠃ ᠮᠢᠩᠭᠠᠨ ᠮᠥᠩᠭᠥᠨ ᠭᠤᠯᠤᠤᠵᠠ ᠥᠭᠴᠦ ᠪᠠᠢᠬᠤ ᠳ᠋ᠠᠭᠠᠨ ᠴᠤ ᠡᠢᠮᠦ ᠰᠦᠷᠯᠢᠭ ᠰᠠᠢᠬᠠᠨ ᠤᠷᠲᠤ ᠬᠠᠷᠰᠢ ᠰᠦᠨᠳᠡᠷᠯᠡᠨ ᠪᠣᠰᠤᠨ᠎ᠠ ᠭᠡᠵᠦ ᠪᠣᠳᠣᠵᠤ ᠪᠠᠢᠭᠰᠠᠨ ᠦᠭᠡᠢ᠃ ᠬᠣᠶᠠᠷ ᠬᠡᠰᠡᠭ ᠪᠠᠢᠰᠢᠩ ᠤ᠋ᠨ ᠨᠢᠭᠡᠨ ᠳ᠋ᠦ᠍ᠨᠢ ᠬᠢᠴᠢᠶᠡᠯ ᠶᠠᠪᠤᠭᠤᠯᠬᠤ᠂ ᠨᠥᠭᠦᠭᠡ ᠳ᠋ᠦ᠍ᠨᠢ ᠪᠠᠭᠰᠢ᠂ ᠰᠤᠷᠤᠭᠴᠢᠳ ᠠᠮᠢᠳᠤᠷᠠᠬᠤ ᠪᠠᠢᠷᠢ ᠪᠡᠯᠡᠳᠦᠭᠰᠡᠨ ᠪᠠᠢᠯ᠎ᠠ᠃ ᠡᠭᠦᠳᠡ ᠪᠡᠨ ᠨᠡᠭᠡᠭᠡᠭᠰᠡᠨ ᠡᠨᠡ ᠰᠤᠷᠭᠠᠭᠤᠯᠢ ᠶ᠋ᠢᠨ ᠬᠠᠭᠠᠯᠭ᠎ᠠ ᠪᠠᠷ ᠶᠠᠪᠤᠵᠤ ᠣᠷᠣᠬᠤ ᠳ᠋ᠤ᠌ ᠨᠢᠳᠦᠨ ᠳ᠋ᠦ᠍ᠨᠢ ᠣᠴᠢ ᠭᠢᠯᠠᠯᠵᠠᠨ ᠠᠰᠠᠬᠤ ᠮᠡᠲᠦ ᠳᠦᠷᠯᠡᠭᠡᠨᠡᠭᠰᠡᠨ ᠠᠯᠠᠭ ᠨᠢᠳᠦ ᠲᠡᠢ ᠪᠠᠯᠴᠢᠷᠬᠠᠨ ᠵᠢᠭᠠᠯ ᠤ᠋ᠳ ᠡᠩᠨᠡᠨ ᠰᠠᠭᠤᠵᠠᠢ᠃ ᠬᠠᠲᠤᠨ ᠡᠬᠡ ᠶ᠋ᠢᠨ ᠵᠠᠯᠠᠷᠠᠬᠤ ᠶ᠋ᠢ ᠤᠷᠢᠳ ᠡᠴᠡ ᠮᠡᠳᠡᠭᠰᠡᠨ ᠪᠠᠭᠰᠢ ᠨᠠᠷ ᠨᠢ ᠲᠣᠮᠣᠭᠠᠲᠠᠢ ᠰᠠᠭᠤᠬᠤ ᠶ᠋ᠢ ᠰᠠᠨᠠᠭᠤᠯᠤᠭᠰᠠᠨ ᠲᠤᠯᠠ ᠴᠢᠮᠡᠭᠡ ᠠᠨᠢᠷ ᠦᠭᠡᠢ᠃ ᠬᠠᠶᠠ ᠨᠢᠭᠡ ᠬᠡᠦᠬᠡᠳ ᠨᠢᠰᠦ ᠪᠡᠨ ᠰᠣᠷᠲᠬᠢᠨ ᠲᠠᠲᠠᠬᠤ ᠴᠢᠮᠡᠭᠡ ᠶ᠋ᠢ ᠡᠰᠡ ᠲᠣᠭᠠᠴᠠᠪᠠᠯ ᠡᠨᠳᠡ ᠨᠠᠮ ᠭᠦᠮ ᠪᠠᠢᠯ᠎ᠠ᠃ ᠪᠠᠭᠰᠢ ᠶ᠋ᠢᠨ ᠢ᠋ᠶ᠋ᠡᠨ ᠵᠢᠭᠠᠪᠤᠷᠢ ᠪᠠᠷ ᠬᠡᠦᠬᠡᠳ ᠦ᠋ᠳ ᠵᠡᠷᠭᠡ ᠪᠣᠰᠴᠤ ᠮᠡᠬᠦᠢᠰᠬᠢᠨ᠂ ᠬᠠᠲᠤᠨ ᠡᠬᠡ ᠳ᠋ᠦ᠍ ᠬᠦᠨᠳᠦᠳᠬᠡᠯ ᠦᠵᠡᠭᠦᠯᠦᠭᠡᠳ ᠡᠷᠭᠢᠨ ᠰᠠᠭᠤᠵᠤ ᠪᠠᠢᠭ᠎ᠠ ᠨᠢ ᠡᠨᠡ ᠭᠠᠵᠠᠷ ᠲᠢᠭ᠌ ᠵᠢᠷᠤᠮ ᠰᠠᠢᠲᠤᠷ ᠲᠣᠭᠲᠠᠭᠰᠠᠨ ᠨᠢ ᠢᠯᠡᠳᠲᠡ ᠬᠠᠷᠠᠭᠳᠠᠨ᠎ᠠ᠃ ᠥᠯᠢ ᠢᠰᠯᠠᠮ ᠪᠠᠶᠠᠷ ᠲᠠᠢ ᠪᠠᠷ ᠬᠠᠲᠤᠨ ᠤ᠋ ᠡᠮᠦᠨ᠎ᠡ ᠢᠷᠡᠵᠦ᠂
   — ᠬᠠᠲᠤᠨ ᠲᠠᠨ ᠤ᠋ ᠰᠢᠢᠳᠪᠦᠷᠢ ᠪᠡᠷ ᠡᠨᠡ ᠭᠠᠵᠠᠷ ᠤ᠋ᠨ ᠠᠷᠠᠳ ᠣᠯᠠᠨ ᠤ᠋ ᠬᠡᠦᠬᠡᠳ ᠪᠢᠴᠢᠭ ᠨᠣᠮ ᠰᠤᠷᠴᠤ ᠪᠠᠢᠨ᠎ᠠ᠃ ᠢᠩᠭᠢᠵᠦ ᠨᠢᠭᠡᠨ ᠳᠣᠣᠷ᠎ᠠ ᠣᠯᠠᠨ ᠬᠡᠦᠬᠡᠳ ᠢ᠋ ᠰᠤᠷᠭᠠᠵᠤ ᠪᠣᠯᠳᠠᠭ ᠶᠤᠮ ᠪᠠᠢᠨ᠎ᠠ ᠭᠡᠳᠡᠭ ᠢ᠋ ᠪᠢᠳᠡ ᠨᠢᠳᠦ ᠪᠡᠷ ᠬᠠᠷᠠᠭᠠᠳ ᠪᠠᠬᠠᠳᠤᠨ ᠰᠠᠭᠤᠨ᠎ᠠ ᠭᠡᠪᠡ᠃ ᠰᠤᠷᠬᠠᠭᠲᠠᠨᠢ ᠬᠠᠲᠤᠨ᠂  
   — ᠰᠡᠳᠬᠢᠯ ᠳᠣᠲᠣᠷᠠᠬᠢ ᠬᠥᠨᠳᠡᠭᠦᠷ  ᠮᠢᠨᠢ ᠠᠭᠤᠵᠢᠷᠠᠬᠤ ᠰᠢᠭ᠋ ᠶᠠᠭᠠᠬᠢᠭᠰᠠᠨ ᠰᠠᠢᠬᠠᠨ ᠬᠡᠷᠡᠭ ᠪᠣᠢ ᠬᠡᠮᠡᠪᠡ᠃ 
   — ᠪᠤᠬᠠᠷ ᠬᠣᠲᠠ ᠳ᠋ᠤ᠌ ᠦᠨᠡᠨ ᠳ᠋ᠡᠭᠡᠨ ᠲᠡᠢᠨ ᠦ᠌ ᠬᠥᠯ ᠴᠢᠮᠡᠭᠡ ᠲᠠᠰᠤᠷᠠᠬᠤ ᠦᠭᠡᠢ ᠪᠠᠢᠭᠰᠠᠭᠠᠷ ᠤᠳᠠᠭᠰᠠᠨ ᠲᠤᠯᠠ ᠨᠣᠮ ᠡᠷᠳᠡᠮ ᠳ᠋ᠦ᠍ ᠳᠤᠷᠠᠯᠠᠬᠤ ᠬᠡᠳᠦᠢ ᠴᠦ᠍ ᠠᠷᠠᠳ ᠤ᠋ᠨ ᠬᠡᠦᠬᠡᠳ ᠡᠴᠢᠭᠡ ᠡᠬᠡ ᠡᠴᠡ ᠪᠡᠨ ᠪᠢᠴᠢᠭ ᠦᠰᠦᠭ ᠰᠤᠷᠬᠤ᠂ ᠡᠷᠳᠡᠮ ᠳ᠋ᠦ᠍  ᠰᠢᠮᠳᠠᠬᠤ ᠪᠣᠯᠤᠮᠵᠢ ᠦᠭᠡᠢ ᠪᠣᠯᠤᠭᠠᠳ ᠪᠠᠢᠭᠰᠠᠨ ᠬᠦᠨᠳᠦ ᠬᠡᠴᠡᠭᠦᠦ ᠴᠠᠭ ᠲᠤ᠌ ᠬᠠᠲᠤᠨ ᠲᠠ ᠠᠪᠤᠷᠠᠯ ᠡᠨᠡᠷᠢᠯ ᠢ᠋ᠶ᠋ᠡᠨ ᠬᠠᠢᠷᠠᠯᠠᠨ ᠰᠤᠷᠭᠠᠭᠤᠯᠢ ᠪᠤᠰᠬᠠᠵᠤ ᠦᠭᠭᠦᠭᠰᠡᠨ ᠳ᠋ᠦ᠍ ᠪᠢᠳᠡ ᠨᠠᠰᠤᠨ ᠡᠭᠦᠷᠢᠳᠡ ᠲᠠᠯᠠᠷᠬᠠᠬᠤ ᠡᠴᠡ ᠥᠭᠡᠷ᠎ᠡ ᠠᠴᠢ ᠶ᠋ᠢ ᠲᠠᠨᠢ ᠬᠡᠷᠬᠢᠨ ᠬᠠᠷᠢᠭᠤᠯᠠᠬᠤ  ᠪᠢᠯᠡ ᠭᠡᠮᠡᠨ ᠦᠯᠢ ᠢᠰᠯᠠᠮ ᠬᠡᠯᠡᠪᠡ᠃ 
   ᠲᠡᠳᠡᠨ ᠦ᠌ ᠶᠠᠷᠢᠶ᠎ᠠ ᠶ᠋ᠢ ᠰᠣᠨᠣᠰᠤᠭᠰᠠᠨ ᠬᠠᠲᠤᠨ ᠤ᠋ ᠬᠠᠵᠠᠭᠤ ᠳ᠋ᠤ᠌ ᠵᠣᠭᠰᠣᠵᠤ ᠪᠠᠢᠭᠰᠠᠨ ᠡᠪᠦᠭᠡᠨ ᠪᠠᠭᠰᠢ᠂  
   — ᠪᠤᠬᠠᠷ ᠬᠣᠲᠠ ᠶ᠋ᠢᠨ ᠢᠷᠭᠡᠳ ᠪᠢᠳᠡ ᠡᠨᠡ ᠰᠤᠷᠭᠠᠭᠤᠯᠢ ᠪᠠᠨ《ᠬᠠᠲᠤᠨ ᠤ᠋ ᠰᠤᠷᠭᠠᠭᠤᠯᠢ》 ᠭᠡᠮᠡᠨ ᠨᠡᠷᠡᠯᠡᠭᠰᠡᠨ ᠨᠢ ᠦᠶ᠎ᠡ ᠶ᠋ᠢᠨ ᠦᠶ᠎ᠡ ᠳ᠋ᠦ᠍ ᠤᠯᠠᠮᠵᠢᠯᠠᠨ᠂ ᠬᠠᠲᠤᠨ ᠡᠬᠡ ᠲᠠᠨ ᠤ᠋ ᠠᠯᠳᠠᠷ ᠨᠡᠷ᠎ᠡ ᠶ᠋ᠢ ᠳᠠᠭᠤᠷᠢᠰᠬᠠᠬᠤ ᠬᠦᠰᠡᠯ ᠲᠡᠢ ᠪᠠᠢᠭ᠎ᠠ ᠶ᠋ᠢᠨ ᠤᠴᠢᠷ ᠶᠤᠮ ᠭᠡᠵᠦ ᠨᠡᠮᠡᠵᠦ ᠬᠡᠯᠡᠯ᠎ᠡ᠃ 
   — ᠨᠣᠮ ᠡᠷᠳᠡᠮ ᠭᠡᠳᠡᠭ ᠰᠤᠷᠬᠤ ᠶ᠋ᠢ ᠬᠦᠰᠡᠭᠰᠡᠨ ᠬᠥᠮᠦᠨ ᠳ᠋ᠡᠭᠡᠨ ᠡᠮᠦᠨ᠎ᠡ ᠨᠢ ᠳᠡᠯᠭᠡᠭᠰᠡᠨ ᠰᠤᠳᠤᠷ ᠰᠢᠭ᠋ ᠦᠷᠭᠦᠯᠵᠢ ᠨᠡᠭᠡᠭᠡᠯᠲᠡ ᠲᠡᠢ ᠪᠠᠢᠳᠠᠭ ᠶᠤᠮ᠃ ᠡᠨᠡ ᠬᠡᠦᠬᠡᠳ ᠦ᠋ᠳ ᠰᠤᠷᠬᠤ ᠶ᠋ᠢ ᠬᠦᠰᠡᠭᠰᠡᠨ ᠤᠴᠢᠷ ᠰᠤᠷᠭᠠᠭᠤᠯᠢ ᠪᠤᠰᠬᠠᠬᠤ ᠦᠢᠯᠡᠰ ᠲᠦᠪᠡᠭ ᠦᠭᠡᠢ ᠪᠦᠲᠦᠭᠰᠡᠨ ᠬᠡᠷᠡᠭ ᠪᠢᠵᠡ ᠭᠡᠮᠡᠨ ᠢᠨᠢᠶᠡᠮᠰᠦᠭᠯᠡᠨ ᠬᠡᠯᠡᠭᠡᠳ᠂ ᠠᠶᠠᠨ ᠵᠠᠮ ᠤ᠋ᠨ ᠠᠯᠵᠢᠶᠠᠯ ᠶᠠᠳᠠᠷᠠᠭ᠎ᠠ ᠪᠠᠨ ᠲᠠᠢᠯᠬᠤ ᠪᠠᠷ ᠤᠷᠲᠤ ᠦᠷᠭᠦᠭᠡᠨ ᠳ᠋ᠡᠭᠡᠨ ᠮᠣᠷᠢᠯᠠᠯ᠎ᠠ᠃ 
   ᠦᠷᠭᠦᠭᠡᠨ ᠦ᠌ ᠡᠭᠦᠳᠡ ᠪᠡᠷ ᠣᠷᠣᠵᠤ ᠢᠷᠡᠬᠦ ᠭᠡᠵᠦ ᠪᠤᠯᠲᠠᠯᠵᠠᠨ ᠪᠣᠢ ᠬᠡᠳᠦᠢ ᠴᠦ᠍᠂ ᠲᠡᠷᠡ ᠳᠣᠣᠷ᠎ᠠ ᠪᠠᠨ ᠨᠢᠭᠡ ᠨᠠᠭᠠᠰᠢᠯᠠᠨ᠂ ᠨᠢᠭᠡ ᠴᠠᠭᠠᠰᠢᠯᠠᠨ ᠪᠠᠢᠭ᠎ᠠ ᠠᠴᠢ ᠬᠦᠦ ᠪᠡᠨ ᠬᠠᠷᠠᠭᠰᠠᠨ ᠰᠤᠷᠬᠠᠭᠲᠠᠨᠢ ᠬᠠᠲᠤᠨ ᠠᠵᠠ ᠵᠢᠷᠭᠠᠯᠲᠠᠶ᠋ᠢᠶ᠎ᠠ ᠢᠨᠢᠶᠡᠮᠰᠦᠭᠯᠡᠨ᠂  
   — ᠠᠪᠠᠭ᠎ᠠ ᠠᠴᠢ ᠬᠦᠦ ᠮᠢᠨᠢ ᠠᠯᠢ ᠪᠣᠢ᠂ ᠨᠠᠭᠠᠰᠢ ᠪᠠᠨ ᠢᠷᠡᠵᠦ ᠰᠠᠭᠤ ᠭᠡᠬᠦ ᠳ᠋ᠦ᠍ ᠲᠠᠪᠤ ᠵᠢᠷᠭᠤᠭᠠᠨ ᠨᠠᠰᠤᠨ ᠤ᠋ ᠭᠢᠯᠠᠯᠵᠠᠭᠰᠠᠨ ᠪᠣᠷᠣ ᠨᠢᠳᠦ ᠲᠡᠢ ᠬᠦᠦ ᠪᠣᠱᠣᠭ᠎ᠠ ᠪᠠᠷ ᠠᠯᠬᠤᠨ ᠣᠷᠣᠵᠤ ᠢᠷᠡᠯ᠎ᠡ᠃ ᠬᠦᠯᠡᠬᠦ ᠶ᠋ᠢᠨ ᠶᠡᠬᠡ ᠬᠠᠲᠤᠨ ᠲᠣᠺᠣᠽ ᠡᠮᠡᠭᠡ ᠡᠬᠡ ᠡᠴᠡ ᠪᠡᠨ ᠭᠢᠷᠪᠢᠰᠢᠨ ᠪᠠᠢᠭ᠎ᠠ ᠬᠦᠦ ᠪᠡᠨ ᠬᠠᠷᠠᠨ ᠬᠥᠭᠵᠢᠯᠲᠡᠢ ᠢᠨᠢᠶᠡᠵᠦ᠂
   — ᠮᠢᠨᠦ ᠬᠦᠦ ᠡᠮᠡᠭᠡ ᠡᠬᠡ ᠳ᠋ᠡᠭᠡᠨ ᠶᠠᠭᠤ ᠰᠤᠷᠴᠤ ᠮᠡᠳᠡᠭᠰᠡᠨ ᠢ᠋ᠶ᠋ᠡᠨ ᠦᠵᠡᠭᠦᠯᠬᠦ  ᠦᠭᠡᠢ ᠶᠤᠮ ᠤᠤ ᠭᠡᠵᠦ ᠬᠡᠯᠡᠭᠡᠳ ᠲᠣᠯᠣᠭᠠᠢ ᠶ᠋ᠢ ᠨᠢ ᠢᠯᠢᠵᠦ᠂
   — ᠬᠠᠲᠤᠨ ᠡᠬᠡ ᠮᠢᠨᠢ᠂ ᠠᠴᠢ ᠬᠦᠦ ᠲᠠᠨᠢ ᠬᠠᠲᠤᠨ ᠤ᠋ ᠰᠤᠷᠭᠠᠭᠤᠯᠢ ᠳ᠋ᠤ᠌ ᠶᠠᠪᠤᠵᠤ ᠪᠠᠢᠭ᠎ᠠ᠂ ᠰᠠᠢᠨ ᠤᠩᠰᠢᠳᠠᠭ ᠪᠣᠯᠤᠭᠰᠠᠨ᠃
ᠬᠦᠦ ᠪᠡᠨ ᠬᠠᠷᠠᠨ ᠬᠥᠭᠵᠢᠯᠲᠡᠢ ᠢᠨᠢᠶᠡᠵᠦ ᠪᠠᠢᠭ᠎ᠠ ᠲᠣᠺᠤᠽ ᠬᠠᠲᠤᠨ ᠳᠠᠪᠬᠤᠷ᠎ᠠ ᠠᠯᠠᠭ ᠨᠢᠳᠦ᠂ ᠤᠷᠲᠤ ᠰᠣᠷᠮᠤᠤᠰᠤ ᠲᠠᠢ᠃ ᠶᠡᠬᠡ ᠴᠡᠪᠡᠷᠬᠡᠨ ᠨᠢᠮᠭᠡᠨ᠂ ᠴᠠᠢᠪᠤᠷ ᠴᠠᠭᠠᠨ ᠴᠢᠷᠠᠢ ᠲᠠᠢ ᠠᠵᠢ᠃ ᠡᠨᠡ ᠬᠠᠲᠤᠨ ᠢᠰᠯᠠᠮ ᠱᠠᠰᠢᠨᠲᠠᠨ ᠨᠤᠭᠤᠳ ᠡᠴᠡ ᠴᠢᠷᠠᠢ ᠶ᠋ᠢᠨ ᠥᠩᠭᠡ ᠪᠡᠷ ᠢ᠋ᠶ᠋ᠡᠨ ᠢᠯᠭᠠᠷᠠᠬᠤ ᠪᠣᠯᠪᠠᠴᠤ ᠲᠡᠳᠡᠨ ᠰᠢᠭ᠌ ᠬᠥᠩᠬᠥᠷ ᠨᠢᠳᠦ᠂ ᠪᠦᠷᠭᠦᠳ ᠦ᠋ᠨ ᠬᠢ ᠤᠷᠲᠤ ᠬᠠᠮᠠᠷ᠂ ᠲᠣᠳᠣ ᠬᠠᠷ᠎ᠠ ᠬᠥᠮᠥᠰᠬᠡ ᠲᠡᠢ ᠠᠵᠢ
ᠡᠮᠡᠭᠡ ᠡᠬᠡ ᠶ᠋ᠢᠨ ᠢ᠋ᠶ᠋ᠡᠨ ᠬᠠᠵᠠᠭᠤ ᠳ᠋ᠤ᠌ ᠭᠢᠷᠪᠢᠰᠢᠨ ᠵᠣᠭᠰᠣᠬᠤ ᠵᠢᠭᠠᠯ ᠬᠦᠦ ᠳ᠋ᠦ᠍ ᠬᠠᠲᠤᠨ ᠡᠬᠡ ᠨᠢ ᠪᠠᠷᠢᠨᠲᠠᠭ ᠲᠠᠢ ᠰᠤᠳᠤᠷ ᠠᠪᠴᠤ ᠥᠭᠭᠦᠭᠡᠳ᠂
   — ᠡᠮᠡᠭᠡ ᠡᠬᠡ ᠳ᠋ᠡᠭᠡᠨ ᠳᠠᠭᠤᠳᠠᠨ ᠤᠩᠰᠢᠵᠤ ᠥᠭ ᠭᠡᠵᠦ ᠬᠡᠯᠡᠬᠦ ᠳ᠋ᠦ᠍ ᠬᠦᠦ ᠡᠮᠡᠭᠡ ᠡᠬᠡ᠂ ᠬᠠᠲᠤᠨ ᠡᠵᠢ ᠶ᠋ᠢᠨ ᠢ᠋ᠶ᠋ᠡᠨ ᠴᠢᠷᠠᠢ ᠶ᠋ᠢ ᠡᠭᠡᠯᠵᠢᠯᠡᠨ ᠬᠠᠷᠠᠭᠠᠳ᠂ ᠳᠡᠯᠭᠡᠭᠰᠡᠨ ᠰᠤᠳᠤᠷ ᠳᠡᠭᠡᠷ᠎ᠡ ᠵᠢᠵᠢᠭᠬᠡᠨ ᠬᠤᠷᠤᠭᠤ ᠪᠠᠨ ᠲᠠᠯᠪᠢᠨ ᠤᠩᠰᠢᠯ᠎ᠠ᠃
   — ᠠᠷᠢᠭᠤᠨ ᠦᠨᠡᠨ ᠭᠡᠳᠡᠭ ᠢᠮᠠᠭᠲᠠ ᠥᠪᠡᠷ ᠦ᠋ᠨ ᠵᠠᠮ ᠮᠥᠷ ᠢ᠋ᠶ᠋ᠡᠨ ᠢᠯᠭᠠᠨ ᠬᠠᠷᠠᠭᠤᠯᠵᠤ ᠪᠠᠢᠳᠠᠭ ᠲᠤᠯᠠ ᠲᠡᠭᠦᠨ ᠳ᠋ᠦ᠍ ᠴᠢᠩ ᠦᠨᠡᠨ ᠢ᠋ᠶ᠋ᠡᠷ ᠢᠳᠡᠭᠡᠨ ᠳᠠᠭᠠᠭᠰᠠᠨ ᠬᠥᠮᠦᠨ ᠦ᠌ ᠥᠭᠡᠳᠡ ᠡᠴᠡ ᠲᠣᠰᠣᠨ ᠠᠪᠳᠠᠭ ᠶᠤᠮ ᠭᠡᠵᠦ ᠲᠣᠷᠵᠢᠭᠢᠨᠠᠭᠤᠯᠤᠨ ᠤᠩᠰᠢᠯ᠎ᠠ᠃
   — ᠰᠠᠢᠨ ᠪᠠᠢᠨ᠎ᠠ᠂ ᠠᠴᠢ ᠬᠦᠦ ᠮᠢᠨᠢ ᠦᠨᠡᠬᠡᠷ ᠨᠣᠮ ᠡᠷᠳᠡᠮ ᠲᠡᠭᠦᠰ ᠬᠥᠮᠦᠨ ᠪᠣᠯᠬᠤ ᠪᠣᠯᠤᠯᠲᠠᠢ ᠭᠡᠳ ᠰᠤᠷᠬᠠᠭᠲᠠᠨᠢ ᠰᠢᠷᠡᠭᠡᠨ ᠳᠡᠭᠡᠷ᠎ᠡ ᠳᠡᠯᠭᠡᠭᠡᠰᠦᠲᠡᠢ ᠵᠢᠮᠢᠰᠦᠨ ᠡᠴᠡ ᠠᠪᠴᠤ ᠮᠢᠯᠢᠶᠠᠯ᠎ᠠ᠃ ᠲᠣᠺᠣᠽ ᠬᠠᠲᠤᠨ᠄
   — ᠬᠠᠲᠤᠨ ᠡᠬᠡ ᠮᠢᠨᠢ᠂ ᠮᠢᠨᠦ ᠬᠦᠦ ᠰᠠᠢᠨ ᠤᠩᠰᠢᠵᠤ ᠪᠠᠢᠭ᠎ᠠ ᠪᠢᠵᠡ ᠭᠡᠳ ᠬᠦᠦ ᠪᠡᠷ ᠢ᠋ᠶ᠋ᠡᠨ ᠪᠠᠬᠠᠷᠬᠠᠨ ᠠᠰᠠᠭᠤᠬᠤ ᠨᠢ ᠡᠭᠡᠭᠡ ᠯᠡ ᠬᠡᠦᠬᠡᠳ ᠰᠢᠭ ᠠᠵᠢ᠃ ᠲᠡᠷᠡ ᠡᠮᠡᠭᠡ ᠡᠬᠡ ᠶ᠋ᠢᠨ ᠢ᠋ᠶ᠋ᠡᠨ ᠥᠭᠡᠳᠡ ᠡᠴᠡ ᠬᠠᠷᠠᠭᠠᠳ ᠮᠠᠭᠲᠠᠭᠠᠯ ᠤ᠋ᠨ ᠦᠭᠡ ᠬᠡᠯᠡᠬᠦ ᠶ᠋ᠢ ᠨᠢ ᠬᠦᠯᠢᠶᠡᠵᠦ ᠪᠠᠢᠭ᠎ᠠ ᠬᠦᠦ ᠲᠡᠢ ᠪᠡᠨ ᠠᠳᠠᠯᠢ ᠲᠠᠯᠠᠷᠬᠠᠯ ᠬᠦᠯᠢᠶᠡᠭᠰᠡᠨ ᠨᠢᠳᠦ ᠪᠡᠷ ᠰᠤᠷᠬᠠᠭᠲᠠᠨᠢ ᠶ᠋ᠢ ᠬᠠᠷᠠᠵᠤ ᠰᠠᠭᠤᠯ᠎ᠠ᠃
   — ᠠᠪᠠᠭ᠎ᠠ ᠦᠨᠡᠬᠡᠷ ᠰᠠᠢᠨ ᠤᠩᠰᠢᠵᠤ ᠰᠤᠷᠤᠭᠰᠠᠨ ᠪᠠᠢᠨ᠎ᠠ᠃ ᠬᠦᠯᠡᠬᠦ ᠡᠴᠢᠭᠡ ᠨᠢ ᠪᠠᠭ᠎ᠠ ᠳ᠋ᠠᠭᠠᠨ ᠤᠩᠰᠢᠵᠤ ᠰᠤᠷᠴᠤ ᠪᠠᠢᠬᠤ ᠦᠶ᠎ᠡ ᠳ᠋ᠡᠭᠡᠨ ᠶᠠᠭ ᠡᠢᠮᠦ ᠬᠠᠷᠠᠴᠠ ᠪᠠᠷ ᠨᠠᠮ᠎ᠠ ᠶ᠋ᠢ ᠬᠠᠷᠠᠵᠤ ᠮᠠᠭᠲᠠᠭᠠᠯ ᠬᠦᠯᠢᠶᠡᠳᠡᠭ ᠪᠠᠢᠵᠤ ᠪᠢᠯᠡ᠃ ᠲᠡᠭᠡᠬᠦ ᠳ᠋ᠦ᠍ ᠪᠢ ᠮᠡᠳᠡᠭᠰᠡᠨ ᠴᠦ᠍ ᠮᠠᠭᠲᠠᠬᠤ ᠦᠭᠡᠢ ᠥᠩᠭᠡᠷᠡᠬᠦ ᠳ᠋ᠦ᠍ ᠤᠷᠮ᠎ᠠ ᠦᠭᠡᠢᠬᠡᠨ ᠬᠥᠯ ᠢ᠋ᠶ᠋ᠡᠨ ᠴᠢᠷᠦᠨ ᠴᠠᠭᠠᠰᠢ ᠶᠠᠪᠤᠬᠤ ᠶ᠋ᠢ ᠨᠢ ᠬᠠᠷᠠᠭᠠᠳ ᠢᠨᠢᠶᠡᠳᠦ ᠬᠦᠷᠴᠦ ᠰᠠᠭᠤᠳᠠᠭ ᠰᠠᠨ᠃ ᠬᠠᠷᠢᠨ ᠠᠴᠢ ᠬᠦᠦ ᠪᠡᠨ ᠪᠣᠯ ᠡᠮᠡᠭᠡ ᠨᠢ ᠲᠡᠭᠡᠵᠦ ᠶᠠᠭᠠᠬᠢᠵᠤ ᠴᠢᠳᠠᠬᠤ ᠪᠢᠯᠡ ᠭᠡᠵᠦ ᠬᠡᠯᠡᠭᠡᠳ ᠠᠪᠠᠭ᠎ᠠ ᠶ᠋ᠢᠨ ᠲᠣᠯᠣᠭᠠᠢ ᠶ᠋ᠢ ᠢᠯᠢᠯ᠎ᠡ᠃
   — ᠮᠢᠨᠦ ᠬᠦᠦ ᠰᠠᠢᠨ ᠪᠠᠢᠨ᠎ᠠ᠂ ᠴᠢᠮᠠᠶ᠋ᠢ ᠢᠩᠭᠢᠵᠦ ᠵᠢᠳᠬᠦᠯ ᠲᠡᠢ ᠰᠠᠢᠨ ᠰᠤᠷᠤᠭᠠᠳ ᠪᠠᠢᠬᠤ ᠶᠤᠮ ᠪᠣᠯ ᠡᠮᠡᠭᠡ ᠨᠢ ᠬᠦᠦ ᠳ᠋ᠡᠭᠡᠨ ᠨᠣᠮ ᠤ᠋ᠨ ᠥᠷᠭᠥᠭᠡ ᠪᠠᠷᠢᠵᠤ ᠥᠭᠭᠦᠨ᠎ᠡ ᠭᠡᠵᠦ ᠬᠡᠯᠡᠪᠡ᠃
   ᠭᠠᠳᠠᠨ᠎ᠠ ᠡᠴᠡ ᠬᠥᠯ ᠦ᠋ᠨ ᠴᠢᠮᠡᠭᠡ ᠰᠣᠨᠣᠰᠤᠭᠳᠠᠨ ᠡᠭᠦᠳᠡ ᠪᠡᠷ ᠬᠦᠯᠡᠬᠦ ᠣᠷᠣᠵᠤ ᠢᠷᠡᠯ᠎ᠡ᠃ ᠲᠡᠷᠡ ᠡᠬᠡ ᠶ᠋ᠢᠨ ᠢ᠋ᠶ᠋ᠡᠨ ᠪᠠᠶᠠᠷ ᠲᠠᠢ ᠰᠠᠭᠤᠬᠤ ᠶ᠋ᠢ ᠬᠠᠷᠠᠭᠠᠳ᠂
   — ᠡᠬᠡ ᠮᠢᠨᠢ ᠲᠠ ᠲᠠᠯ᠎ᠠ ᠨᠤᠲᠤᠭ ᠡᠴᠡ ᠢᠷᠡᠬᠦ ᠳ᠋ᠡᠭᠡᠨ ᠰᠡᠳᠬᠢᠯ ᠰᠠᠨᠠᠭ᠎ᠠ ᠴᠢᠨᠢ ᠰᠠᠢᠨ ᠦᠭᠡᠢ ᠪᠠᠢᠭ᠎ᠠ ᠬᠠᠷᠠᠭᠳᠠᠭᠰᠠᠨ᠂ ᠠᠴᠢ ᠬᠦᠦ ᠪᠡᠨ ᠬᠠᠷᠠᠭᠠᠳ ᠬᠥᠷ ᠪᠠᠶᠠᠷ ᠲᠠᠢ ᠪᠣᠯᠤᠭᠰᠠᠨ ᠪᠠᠢᠨ᠎ᠠ᠃ ᠮᠢᠨᠦ ᠬᠦᠦ ᠴᠦ᠍ ᠡᠮᠡᠭᠡ ᠶ᠋ᠢᠨ ᠢ᠋ᠶ᠋ᠡᠨ ᠰᠡᠳᠬᠢᠯ ᠢ᠋ ᠵᠠᠰᠠᠬᠤ ᠤᠪᠠᠳᠢᠰ ᠲᠠᠢ ᠪᠣᠯᠤᠯᠲᠠᠢ ᠭᠡᠵᠦ ᠬᠡᠯᠡᠯ᠎ᠡ᠃ ᠰᠤᠷᠬᠠᠭᠲᠠᠨᠢ  ᠬᠠᠲᠤᠨ ᠠᠴᠢ ᠬᠦᠦ ᠪᠡᠨ ᠡᠪᠦᠷ ᠳᠡᠭᠡᠷ᠎ᠡ ᠪᠡᠨ ᠠᠪᠴᠤ᠂ ᠬᠥᠬᠥᠯ ᠦᠰᠦ ᠶ᠋ᠢ ᠨᠢ ᠢᠯᠪᠢᠨ ᠦᠨᠦᠷᠯᠡᠭᠡᠳ᠂
   — ᠪᠢ ᠡᠷᠭᠢᠭᠡᠳ ᠪᠣᠳᠣᠬᠤ ᠳ᠋ᠤ᠌ ᠲᠠ ᠨᠠᠷ ᠢ᠋ ᠲᠡᠭᠡᠲᠡᠯ᠎ᠡ ᠡᠷᠬᠡᠯᠡᠭᠦᠯᠵᠦ ᠪᠠᠢᠭ᠎ᠠ ᠦᠭᠡᠢ ᠶᠤᠮ ᠰᠢᠭ ᠰᠠᠨᠠᠭᠳᠠᠬᠤ ᠶᠤᠮ᠃ ᠪᠠᠭ᠎ᠠ ᠡᠴᠡ ᠨᠢ ᠯᠡ ᠠᠮᠢᠳᠤᠷᠠᠯ ᠤ᠋ᠨ ᠬᠦᠨᠳᠦ ᠬᠡᠴᠡᠭᠦᠦ ᠶ᠋ᠢ ᠰᠠᠢᠨ ᠰᠠᠢᠬᠠᠨ ᠲᠠᠢ ᠨᠢ ᠮᠡᠳᠡᠭᠦᠯᠬᠦ ᠭᠡᠵᠦ ᠤᠬᠠᠭᠠᠨ ᠰᠠᠨᠠᠭ᠎ᠠ ᠪᠠᠨ ᠤᠷᠤᠯᠳᠤᠭᠤᠯᠵᠤ ᠶᠠᠪᠤᠭᠰᠠᠨ ᠡᠴᠡ ᠪᠢᠰᠢ ᠢᠩᠭᠢᠭᠡᠳ ᠢᠨᠢᠶᠡᠳᠦ ᠠᠯᠲᠠᠨ ᠪᠡᠶᠡᠰᠴᠦ ᠰᠠᠭᠤᠭᠰᠠᠨ ᠡᠳᠦᠷ ᠲᠤᠩ ᠴᠥᠭᠡᠨ ᠪᠠᠢᠵᠠᠢ ᠳᠠ᠃ ᠥᠨᠥᠴᠢᠨ ᠦᠯᠡᠳᠡᠭᠰᠡᠨ ᠬᠡᠦᠬᠡᠳ ᠦ᠋ᠨ ᠢ᠋ᠶ᠋ᠡᠨ ᠬᠡᠳᠦ ᠶ᠋ᠢ ᠪᠣᠳᠣᠵᠤ᠂ ᠡᠴᠢᠭᠡ ᠨᠢ ᠬᠡᠷᠪᠡ ᠪᠠᠢᠭᠰᠠᠨ ᠪᠣᠯ ᠲᠠ ᠨᠠᠷ ᠤ᠋ᠨ ᠲᠥᠯᠥᠭᠡ ᠶᠠᠭᠤ ᠶ᠋ᠢ ᠬᠢᠬᠦ ᠪᠠᠢᠭᠰᠠᠨ ᠢ᠋ ᠯᠡ ᠤᠬᠠᠵᠤ᠂ ᠲᠡᠭᠦᠨ ᠳ᠋ᠦ᠍ ᠬᠦᠷᠭᠡᠬᠦ ᠭᠡᠵᠦ ᠶᠠᠪᠤᠵᠠᠢ᠃ ᠨᠠᠰᠤ ᠠᠬᠢᠵᠤ ᠤᠬᠠᠭᠠᠨ ᠰᠠᠭᠤᠬᠤ ᠶ᠋ᠢᠨ ᠬᠢᠷᠢ ᠪᠡᠷ ᠬᠥᠮᠦᠨ ᠭᠡᠳᠡᠭ ᠡᠷᠭᠢᠭᠡᠳ ᠨᠢᠯᠬᠠᠷᠠᠳᠠᠭ ᠰᠢᠭ᠋ ᠰᠠᠨᠠᠭᠳᠠᠬᠤ ᠶᠤᠮ᠃ ᠠᠴᠢ ᠨᠠᠷ ᠢ᠋ ᠪᠡᠨ ᠬᠠᠷᠠᠬᠤ ᠪᠠᠷ ᠴᠡᠭᠡᠵᠢᠨ ᠳᠣᠲᠣᠷ᠎ᠠ ᠬᠠᠢᠷ᠎ᠠ ᠳᠦᠭᠦᠷᠴᠦ᠂ ᠥᠪᠡᠷ ᠦ᠋ᠨ ᠡᠷᠬᠡ ᠦᠭᠡᠢ ᠡᠷᠬᠡᠯᠡᠭᠦᠯᠦᠮᠡᠷ ᠰᠠᠨᠠᠭᠳᠠᠬᠤ ᠶᠤᠮ ᠭᠡᠵᠦ ᠬᠡᠯᠡᠵᠦ ᠰᠠᠭᠤᠯ᠎ᠠ
   ※
ᠬᠠᠷᠠᠬᠣᠷᠣᠮ ᠳ᠋ᠤ᠌ ᠪᠠᠢᠬᠤ ᠬᠥᠶᠦᠭ ᠬᠠᠭᠠᠨ ᠤ᠋ ᠦᠷᠭᠦᠭᠡᠨ ᠳ᠋ᠦ᠍ ᠬᠠᠭᠠᠨ ᠡᠵᠡᠨ ᠰᠠᠢᠳ ᠲᠦᠰᠢᠮᠡᠳ ᠢ᠋ᠶ᠋ᠡᠨ ᠴᠤᠭᠯᠠᠭᠤᠯᠵᠠᠢ᠃ ᠦᠷᠭᠦᠭᠡᠨ ᠦ᠌ ᠬᠣᠢᠮᠣᠷ ᠲᠤ᠌ ᠬᠥᠶᠦᠭ ᠬᠠᠭᠠᠨ ᠤᠭᠤᠯ ᠬᠠᠶ᠋ᠢᠮᠢᠱ ᠶᠡᠬᠡ ᠬᠠᠲᠤᠨ ᠤ᠋ ᠬᠠᠮᠲᠤ ᠵᠠᠯᠠᠷᠠᠵᠠᠢ᠃ ᠶᠡᠬᠡ ᠦᠷᠭᠦᠭᠡᠨ ᠦ᠌ ᠪᠠᠷᠠᠭᠤᠨ ᠵᠡᠭᠦᠨ ᠲᠠᠯ᠎ᠠ ᠪᠠᠷ ᠰᠠᠢᠳ ᠲᠦᠰᠢᠮᠡᠳ ᠡᠷᠡᠮᠪᠡ ᠳᠠᠷᠠᠭ᠎ᠠ ᠪᠠᠷ ᠪᠠᠢᠷᠢ ᠪᠠᠨ ᠡᠵᠡᠯᠡᠵᠡᠢ᠃ ᠦᠷᠭᠦᠭᠡᠨ ᠳ᠋ᠦ᠍ ᠨᠠᠮ ᠭᠦᠮ᠂ ᠣᠷᠴᠢᠨ ᠤ᠋ ᠠᠭᠠᠷ ᠬᠦᠨᠳᠦ ᠬᠦᠢᠲᠡᠨ ᠮᠡᠲᠦ ᠰᠡᠳᠬᠢᠭᠳᠡᠯ ᠲᠥᠷᠥᠭᠦᠯᠦᠨ᠎ᠡ᠃ ᠭᠦᠶᠦᠭ ᠬᠠᠭᠠᠨ᠂
   — ᠪᠢᠳᠡ ᠨᠢᠭᠡᠨᠲᠡ ᠲᠥᠷᠥ ᠶ᠋ᠢ ᠴᠡᠪᠡᠷᠯᠡᠵᠦ᠂ ᠶᠡᠬᠡ ᠬᠠᠭᠠᠳ ᠤ᠋ᠨ ᠡᠵᠡᠭᠦᠢ ᠳ᠋ᠦ᠍ ᠮᠣᠩᠭᠣᠯ ᠤ᠋ᠨ ᠡᠵᠡᠨᠲᠦ ᠭᠦᠷᠦᠨ ᠦ᠌ ᠲᠥᠷᠥ ᠶ᠋ᠢᠨ ᠪᠣᠳᠣᠯᠭ᠎ᠠ ᠳ᠋ᠤ᠌ ᠬᠥᠨᠳᠡᠯᠡᠨ ᠡᠴᠡ ᠣᠷᠣᠯᠴᠠᠨ ᠢᠷᠡᠭᠰᠡᠨ ᠬᠠᠷᠢ ᠶ᠋ᠢᠨ ᠬᠢᠨ ᠡᠴᠡ ᠤᠯᠤᠰ ᠭᠦᠷᠦᠨ ᠢ᠋ᠶ᠋ᠡᠨ ᠴᠢᠯᠥᠭᠡᠯᠡᠯ᠎ᠡ᠃ ᠨᠢᠭᠡᠨ ᠴᠠᠭ ᠲᠤ᠌ ᠡᠵᠡᠨ ᠬᠠᠭᠠᠨ ᠡᠪᠦᠭᠡ ᠶ᠋ᠢᠨ ᠢ᠋ᠶ᠋ᠡᠨ ᠬᠣᠷᠢᠶᠠᠨ ᠴᠤᠭᠯᠠᠭᠤᠯᠤᠭᠰᠠᠨ ᠶᠡᠬᠡ ᠤᠯᠤᠰ ᠤ᠋ᠨ ᠬᠠᠶᠠᠭ᠎ᠠ ᠶ᠋ᠢ ᠤᠯᠠᠮ ᠲᠡᠯᠡᠵᠦ᠂ ᠡᠵᠡᠨᠲᠦ ᠭᠦᠷᠦᠨ ᠳᠠᠬᠢᠨ ᠮᠠᠨᠳᠤᠭᠰᠠᠨ ᠪᠣᠯᠬᠤ ᠶ᠋ᠢ ᠬᠥᠬᠡ ᠲᠡᠭᠷᠢ ᠶ᠋ᠢᠨ ᠳᠣᠣᠷ᠎ᠠ ᠰᠣᠨᠣᠷᠳᠠᠭᠤᠯᠬᠤ ᠴᠠᠭ ᠪᠣᠯᠵᠠᠢ ᠭᠡᠮᠡᠨ ᠰᠡᠳᠬᠢᠨ᠎ᠡ᠃ ᠡᠨᠡ ᠬᠡᠳᠦᠨ ᠵᠢᠯ ᠦ᠋ᠨ ᠳᠣᠲᠣᠷ᠎ᠠ ᠦᠢᠮᠡᠭᠡᠨ ᠰᠠᠮᠠᠭᠤᠨ ᠭᠠᠵᠠᠷ ᠠᠪᠴᠤ᠂ ᠳᠡᠭᠡᠳᠦ ᠲᠩᠷᠢ ᠡᠴᠡ ᠵᠠᠶᠠᠭᠠᠲᠤ ᠬᠥᠬᠡ ᠲᠣᠯᠪᠣᠲᠤ ᠮᠣᠩᠭᠣᠯ ᠬᠥᠮᠦᠨ ᠢ᠋ ᠡᠯᠳᠡᠪ ᠢ᠋ᠶ᠋ᠡᠷ ᠳᠣᠷᠣᠮᠵᠢᠯᠠᠨ ᠶᠠᠯ᠎ᠠ ᠲᠤᠯᠭᠠᠵᠤ᠂ ᠠᠮᠢ ᠨᠠᠰᠤ ᠶ᠋ᠢ ᠨᠢ ᠪᠦᠷᠢᠯᠭᠡᠭᠰᠡᠨ ᠬᠡᠷᠡᠭ ᠣᠯᠠᠨ ᠭᠠᠷᠤᠯ᠎ᠠ᠃ ᠡᠵᠡᠨᠲᠦ ᠭᠦᠷᠦᠨ ᠦ᠌ ᠭᠠᠵᠠᠷ ᠨᠤᠲᠤᠭ ᠲᠤ᠌ ᠥᠪᠡᠷ ᠦ᠋ᠨ ᠰᠦᠷ ᠬᠦᠴᠦ ᠶ᠋ᠢ ᠳᠠᠬᠢᠨ ᠬᠠᠷᠠᠭᠤᠯᠬᠤ ᠴᠠᠭ ᠪᠣᠯᠵᠠᠢ᠃ ᠥᠨᠥᠳᠥᠷ ᠪᠢᠳᠡᠨ ᠦ᠌ ᠡᠮᠦᠨ᠎ᠡ ᠠᠮᠠᠨ ᠲᠠᠩᠭᠠᠷᠢᠭ ᠥᠭᠭᠦᠭᠰᠡᠨ ᠴᠦ᠍ ᠲᠡᠭᠦᠨ ᠡᠴᠡ ᠪᠡᠨ ᠨᠢᠴᠤᠭᠰᠠᠨ ᠤᠯᠤᠰ ᠣᠷᠣᠨ ᠨᠤᠭᠤᠳ ᠣᠯᠠᠨ ᠪᠠᠢᠨ᠎ᠠ᠃ ᠨᠥᠭᠦᠭᠡ ᠲᠠᠯ᠎ᠠ ᠪᠠᠷ ᠵᠦᠷᠴᠢᠳ ᠦ᠋ᠨ ᠠᠯᠲᠠᠨ ᠤᠯᠤᠰ ᠡᠴᠡ ᠡᠬᠢᠯᠡᠭᠡᠳ ᠪᠢᠳᠡᠨ ᠦ᠌ ᠮᠠᠲᠠᠯ ᠳ᠋ᠤ᠌ ᠥᠨᠥ ᠬᠢᠷᠢ ᠪᠦᠷᠢᠨ ᠢᠷᠡᠭᠡ ᠦᠭᠡᠢ ᠪᠠᠢᠭ᠎ᠠ ᠤᠯᠤᠰ ᠣᠷᠣᠨ ᠨᠤᠭᠤᠳ ᠢ᠋ ᠨᠣᠮᠣᠬᠠᠳᠬᠠᠨ ᠳᠠᠷᠤᠬᠤ ᠴᠠᠭ ᠪᠣᠯᠵᠠᠢ᠃ ᠬᠠᠷᠢᠨ ᠴᠡᠷᠢᠭ ᠦ᠋ᠨ ᠬᠦᠴᠦ᠂ ᠪᠠᠢᠯᠳᠤᠭᠠᠨ ᠤ᠋ ᠬᠡᠷᠡᠭᠰᠡᠯ᠂ ᠠᠭᠲᠠ ᠮᠣᠷᠢᠳ᠂ ᠠᠴᠢᠯᠭ᠎ᠠ ᠶ᠋ᠢᠨ ᠮᠠᠯ ᠬᠥᠰᠬᠡ ᠶ᠋ᠢ ᠬᠡᠯᠡᠭᠰᠡᠨ ᠴᠠᠭ ᠲᠤ᠌ ᠪᠡᠯᠡᠨ ᠪᠠᠢᠯᠭᠠᠬᠤ ᠡᠭᠦᠷᠭᠡ ᠶ᠋ᠢ ᠰᠠᠨᠠᠭᠤᠯᠤᠨ ᠬᠡᠯᠡᠬᠦ ᠪᠡᠷ ᠰᠠᠢᠳ ᠨᠣᠶᠠᠳ᠂ ᠮᠡᠷᠭᠡᠨ ᠲᠦᠰᠢᠮᠡᠳ ᠲᠠ ᠪᠦᠬᠦᠨ ᠢ᠋ ᠳᠠᠭᠤᠳᠠᠭᠤᠯᠤᠯ᠎ᠠ ᠬᠡᠮᠡᠪᠡ᠃
ᠲᠠᠯ᠎ᠠ ᠨᠤᠲᠤᠭ ᠲᠤ᠌ ᠬᠡᠳᠦᠨ ᠵᠢᠯ ᠦ᠋ᠨ ᠲᠤᠷᠰᠢᠳᠠ ᠰᠣᠨᠣᠰᠤᠭᠳᠠᠭ᠎ᠠ ᠦᠭᠡᠢ ᠲᠡᠢᠨ ᠦ᠌ ᠬᠥᠯ ᠦ᠋ᠨ ᠴᠢᠮᠡᠭᠡ ᠠᠬᠢᠨ ᠰᠣᠨᠣᠰᠤᠭᠳᠠᠬᠤ ᠪᠣᠯᠤᠯ᠎ᠠ᠃ ᠮᠣᠩᠭᠣᠯ ᠤ᠋ᠨ ᠴᠡᠷᠢᠭ ᠦ᠋ᠳ ᠦ᠋ᠨ ᠬᠦᠯᠦᠭ ᠮᠣᠷᠢᠳ ᠤ᠋ᠨ ᠲᠤᠭᠤᠷᠠᠢ᠂ ᠢᠷᠲᠦ ᠰᠡᠯᠡᠮ᠎ᠡ ᠶ᠋ᠢᠨ ᠳᠠᠯᠠᠢᠯᠲᠠ ᠳ᠋ᠤ᠌ ᠳᠠᠶᠠᠩ ᠳᠡᠯᠡᠬᠡᠢ ᠳᠠᠬᠢᠨ ᠴᠡᠴᠡᠷᠡᠬᠦ ᠴᠠᠭ ᠪᠣᠯᠵᠠᠢ᠃ ᠲᠥᠷᠥ ᠡᠵᠡᠨ ᠲᠡᠢ ᠪᠣᠯᠵᠤ᠂ ᠲᠡᠭᠦᠨ ᠦ᠌ ᠪᠣᠳᠣᠯᠭ᠎ᠠ ᠬᠡᠷᠡᠭᠵᠢᠵᠦ ᠡᠬᠢᠯᠡᠵᠦ ᠪᠠᠢᠭ᠎ᠠ ᠶ᠋ᠢ ᠡᠨᠡ ᠶᠠᠷᠢᠶ᠎ᠠ ᠬᠠᠷᠠᠭᠤᠯᠵᠤ ᠪᠠᠢᠪᠠ᠃ ᠭᠦᠶᠦᠭ ᠬᠠᠭᠠᠨ᠄
   — ᠲᠤᠩ ᠤᠳᠠᠬᠤ ᠦᠭᠡᠢ ᠠᠶᠠᠨ ᠲᠡᠢᠨ ᠦ᠌ ᠠᠯᠤᠰ ᠤ᠋ᠨ ᠵᠠᠮ ᠲᠣᠳᠣᠷᠠᠬᠤ ᠪᠢᠵᠡ᠃ ᠬᠠᠷᠢᠨ ᠲᠡᠭᠦᠨ ᠡᠴᠡ ᠡᠮᠦᠨ᠎ᠡ ᠡᠪᠦᠯ ᠦ᠋ᠨ ᠡᠨᠡ ᠠᠮᠤᠭᠤᠯᠠᠩ ᠡᠳᠦᠷ ᠦ᠋ᠳ ᠲᠦ᠍ ᠪᠢᠳᠡ ᠵᠦᠭᠡᠷ ᠰᠠᠭᠤᠯ ᠦᠭᠡᠢ ᠪᠡᠷ ᠭᠠᠵᠠᠷ ᠨᠤᠲᠤᠭ ᠲᠠᠭᠠᠨ ᠣᠷᠣᠰᠢᠨ ᠪᠠᠢᠭ᠎ᠠ ᠬᠥᠮᠦᠨ ᠠᠮᠠ ᠶ᠋ᠢ ᠲᠣᠭᠠᠯᠠᠬᠤ ᠠᠵᠢᠯ ᠢ᠋ ᠶᠠᠪᠤᠭᠤᠯᠤᠶ᠎ᠠ᠃ ᠰᠠᠢᠳ ᠲᠦᠰᠢᠮᠡᠳ ᠲᠠ ᠪᠦᠬᠦᠨ ᠶᠠᠮᠠᠷ ᠰᠠᠨᠠᠭ᠎ᠠ ᠪᠣᠳᠣᠯ ᠲᠠᠢ ᠪᠠᠨ ᠬᠡᠯᠡᠨ᠎ᠡ ᠴᠦ᠍ ᠭᠡᠯ᠎ᠡ᠃
   ᠵᠡᠷᠭᠡᠴᠡᠨ ᠰᠠᠭᠤᠭᠰᠠᠨ ᠰᠠᠢᠳ ᠲᠦᠰᠢᠮᠡᠳ ᠦ᠋ᠨ ᠳᠤᠮᠳᠠ ᠡᠴᠡ ᠨᠢᠭᠡᠨ᠂
   — ᠬᠥᠮᠦᠨ ᠠᠷᠠᠳ ᠢ᠋ᠶ᠋ᠠᠨ ᠲᠣᠭᠠᠯᠠᠨ᠎ᠠ ᠭᠡᠳᠡᠭ ᠨᠢ ᠵᠥᠪ ᠵᠦᠢᠲᠡᠢ ᠰᠠᠨᠠᠯ ᠪᠠᠢᠨ᠎ᠠ᠃ᠶᠡᠬᠡ ᠡᠵᠡᠨ ᠬᠠᠭᠠᠨ ᠡᠴᠡ ᠬᠣᠢᠰᠢ ᠲᠠᠯ᠎ᠠ ᠨᠤᠲᠤᠭ ᠲᠤ᠌ ᠣᠯᠠᠨ ᠠᠷᠪᠠᠨ ᠵᠢᠯ ᠦᠷᠭᠦᠯᠵᠢᠯᠡᠭᠰᠡᠨ ᠲᠡᠢᠨ ᠰᠠᠮᠠᠭᠤᠨ ᠤ᠋ ᠬᠥᠯ ᠳ᠋ᠦ᠍ ᠬᠡᠳᠦ ᠬᠡᠴᠢᠨᠡᠭᠡᠨ ᠬᠥᠮᠦᠨ ᠦᠷᠡᠭᠳᠡᠵᠦ᠂ᠬᠡᠴᠢᠨᠡᠭᠡᠨ ᠬᠥᠮᠦᠨ ᠰᠢᠨ᠎ᠡ ᠪᠡᠷ ᠮᠡᠨᠳᠦᠯᠡᠵᠦ᠂ ᠶᠡᠬᠡ ᠮᠣᠩᠭᠣᠯ ᠥᠨᠥ ᠬᠡᠳᠦᠨ ᠬᠥᠮᠦᠨ ᠠᠮᠠ ᠲᠠᠢ ᠪᠣᠯᠤᠭᠰᠠᠨ ᠢ᠋ ᠲᠣᠭᠠᠯᠠᠨ ᠦᠵᠡᠬᠦ ᠴᠠᠭ ᠨᠢ ᠪᠣᠯᠤᠭᠰᠠᠨ ᠭᠡᠵᠦ ᠪᠣᠳᠣᠭᠳᠠᠨ᠎ᠠ ᠭᠡᠮᠡᠨ ᠬᠡᠯᠡᠯ᠎ᠡ᠃
   ᠥᠨᠥ ᠡᠮᠦᠨᠡᠲᠦ ᠭᠠᠵᠠᠷ ᠤ᠋ᠨ ᠬᠡᠷᠡᠭ ᠢ᠋ ᠬᠠᠮᠢᠶᠠᠷᠤᠨ ᠰᠠᠭᠤᠭ᠎ᠠ ᠮᠠᠬᠠᠮᠥ᠋ᠳ᠋ ᠶᠠᠯᠠᠸᠠᠴᠢ᠂
   — ᠬᠠᠭᠠᠨ ᠡᠵᠡᠨ ᠦ᠌ ᠵᠠᠷᠯᠢᠭ ᠢ᠋ ᠶᠣᠰᠣᠴᠢᠯᠠᠨ ᠪᠡᠶᠡᠯᠡᠭᠦᠯᠦᠶ᠎ᠡ᠃ᠬᠥᠮᠦᠨ ᠠᠮᠠ ᠶ᠋ᠢ ᠲᠣᠭᠠᠯᠠᠬᠤ ᠡᠨᠡ ᠠᠵᠢᠯ ᠡᠴᠡ ᠳᠠᠷᠠᠭ᠎ᠠ ᠳᠠᠷᠠᠭ᠎ᠠ ᠶ᠋ᠢᠨ ᠠᠵᠢᠯ ᠤᠨᠳᠤᠷᠬᠤ ᠪᠢᠵᠡ᠃ ᠪᠢᠳᠡᠨ ᠳ᠋ᠦ᠍ ᠡᠨᠡ ᠲᠣᠭᠠᠯᠠᠯᠭ᠎ᠠ ᠡᠴᠡ ᠠᠶᠠᠨ ᠲᠡᠢᠨ ᠳ᠋ᠦ᠍ ᠬᠡᠳᠦ ᠬᠡᠴᠢᠨᠡᠭᠡᠨ ᠴᠡᠷᠢᠭ ᠲᠠᠲᠠᠬᠤ᠂ᠴᠠᠭᠠᠰᠢᠯᠠᠭᠠᠳ ᠬᠥᠮᠦᠨ ᠬᠦᠴᠦ ᠬᠦᠷᠬᠦ ᠦᠭᠡᠢ ᠲᠣᠬᠢᠶᠠᠯᠳᠤᠯ ᠳ᠋ᠤ᠌ ᠬᠡᠷᠬᠢᠬᠦ ᠲᠤᠬᠠᠢ ᠵᠠᠮ ᠮᠥᠷ ᠭᠠᠷᠭᠠᠬᠤ ᠤᠴᠢᠷ ᠲᠠᠢ ᠭᠡᠵᠦ ᠬᠡᠯᠡᠯ᠎ᠡ᠃
   ᠡᠨᠡ ᠡᠳᠦᠷ ᠡᠴᠡ ᠬᠣᠢᠰᠢ ᠶᠡᠬᠡ ᠮᠣᠩᠭᠣᠯ ᠤᠯᠤᠰ ᠲᠡᠦᠬᠡᠨ ᠳ᠋ᠡᠭᠡᠨ ᠠᠩᠬᠠᠨ ᠤ᠋ ᠬᠥᠮᠦᠨ ᠠᠮᠠ ᠶ᠋ᠢᠨ ᠲᠣᠭᠠᠯᠠᠯᠭ᠎ᠠ ᠶ᠋ᠢ ᠶᠠᠪᠤᠭᠤᠯᠵᠤ᠂ ᠡᠨᠡ ᠶᠡᠬᠡ ᠠᠵᠢᠯ ᠪᠦᠲᠦᠨ ᠡᠪᠦᠯ ᠦ᠋ᠨ  ᠲᠤᠷᠰᠢᠲᠠ ᠦᠷᠭᠦᠯᠵᠢᠯᠡᠵᠡᠢ᠃ᠬᠠᠷᠢᠨ ᠬᠠᠭᠠᠨ ᠤ᠋ ᠣᠷᠳᠣᠨ ᠳ᠋ᠤ᠌ ᠪᠣᠯᠤᠭᠰᠠᠨ ᠡᠨᠡ ᠠᠭᠤᠯᠵᠠᠯᠲᠠ ᠪᠠᠷ ᠵᠦᠷᠴᠢᠳ ᠦ᠋ᠨ ᠠᠯᠲᠠᠨ ᠤᠯᠤᠰ᠂ ᠡᠮᠦᠨᠡᠲᠦ ᠰᠥᠩ ᠤᠯᠤᠰ᠂ᠴᠠᠭᠠᠰᠢᠯᠠᠭᠠᠳ ᠥᠷᠥᠨ᠎ᠡ ᠵᠦᠭ ᠦ᠋ᠨ ᠢᠰᠯᠠᠮ ᠮᠥᠷᠭᠥᠯᠲᠦ ᠤᠯᠤᠰ ᠣᠷᠣᠨ ᠨᠤᠭᠤᠳ ᠢ᠋ ᠪᠠᠢᠯᠳᠤᠨ ᠡᠵᠡᠯᠡᠬᠦ ᠲᠥᠯᠥᠪᠯᠡᠭᠡ ᠪᠡᠨ ᠭᠠᠷᠭᠠᠯ᠎ᠠ᠃ᠡᠮᠦᠨᠡᠲᠦ ᠰᠥᠩ ᠤᠯᠤᠰ ᠢ᠋ ᠳᠠᠢᠯᠠᠬᠤ ᠠᠵᠢᠯ ᠢ᠋ ᠰᠦᠪᠡᠭᠡᠳᠡᠢ ᠪᠠᠭᠠᠲᠤᠷ᠂ ᠴᠠᠭᠠᠨ ᠨᠣᠶᠠᠨ ᠨᠠᠷ ᠲᠤ᠌ ᠳᠠᠭᠠᠳᠬᠠᠨ ᠬᠠᠷᠢᠭᠤᠴᠠᠭᠤᠯᠵᠤ᠂ ᠪᠠᠷᠠᠭᠤᠨ ᠵᠦᠭ ᠦ᠋ᠨ ᠡᠵᠡᠯᠡᠭᠳᠡᠭᠡ ᠦᠭᠡᠢ ᠤᠯᠤᠰ ᠣᠷᠣᠨ ᠢ᠋ ᠳᠠᠢᠯᠠᠭᠤᠯᠬᠤ ᠪᠠᠷ ᠡᠯᠵᠢᠭᠡᠳᠡᠢ ᠨᠣᠶᠠᠨ ᠢ᠋ ᠶᠠᠪᠤᠭᠤᠯᠬᠤ ᠪᠠᠷ ᠬᠡᠯᠡᠯᠴᠡᠵᠦ ᠪᠠᠲᠤᠯᠠᠯ᠎ᠠ᠃
   ᠲᠠᠯ᠎ᠠ ᠨᠤᠲᠤᠭ ᠲᠤ᠌ ᠤᠷᠢᠨ ᠴᠠᠭ ᠡᠳᠦᠷ ᠡᠳᠦᠷ ᠢ᠋ᠶ᠋ᠡᠷ ᠢᠷᠡᠵᠦ ᠪᠠᠢᠯ᠎ᠠ᠃ ᠴᠠᠰᠤᠨ ᠳᠣᠣᠷ᠎ᠠ ᠡᠴᠡ ᠴᠤᠬᠤᠢᠵᠤ ᠪᠠᠢᠭ᠎ᠠ ᠢᠷᠭᠤᠢ ᠳᠤᠯᠠᠭᠠᠨ ᠴᠠᠭ ᠤᠳᠠᠬᠤ ᠦᠭᠡᠢ ᠢᠷᠡᠨ᠎ᠡ ᠭᠡᠮᠡᠨ ᠪᠤᠰᠤᠳ ᠡᠴᠡ ᠲᠦᠷᠦᠭᠦᠨ ᠳ᠋ᠦ᠍ ᠵᠠᠷᠯᠠᠬᠤ ᠭᠡᠵᠦ ᠪᠠᠢᠭ᠎ᠠ ᠶᠤᠮ ᠰᠢᠭ᠋ ᠨᠥᠮᠥᠷᠦᠭᠰᠡᠨ ᠴᠠᠰᠤ ᠪᠠᠨ ᠢᠷᠡᠨ ᠪᠠᠢᠬᠤ ᠳ᠋ᠤ᠌ ᠶᠡᠬᠡ ᠮᠣᠩᠭᠣᠯ ᠤᠯᠤᠰ ᠴᠤ᠌ ᠥᠪᠡᠷ
 ᠤ᠋ᠨ ᠨᠤᠲᠤᠭ ᠳᠡᠪᠢᠰᠬᠡᠷ ᠳᠡᠭᠡᠷᠡᠬᠢ ᠬᠥᠮᠦᠨ ᠠᠮᠠ ᠪᠠᠨ ᠲᠣᠭᠠᠯᠠᠵᠤ ᠳᠠᠭᠤᠰᠴᠠᠢ᠃ ᠪᠦᠲᠦᠨ ᠡᠪᠦᠯ ᠦ᠋ᠨ ᠲᠤᠷᠰᠢᠲᠠ ᠪᠡᠯᠡᠳᠦᠭᠰᠡᠨ ᠠᠶᠠᠨ ᠲᠡᠢᠨ ᠦ᠌ ᠪᠡᠯᠡᠳᠬᠡᠯ ᠬᠠᠩᠭᠠᠭᠳᠠᠭᠰᠠᠨ ᠪᠠᠢᠯ᠎ᠠ᠃ ᠬᠠᠷᠢᠨ ᠤᠷᠢᠨ ᠴᠠᠭ ᠢᠷᠡᠵᠦ ᠪᠣᠢ ᠴᠤ᠌ ᠬᠦᠢᠲᠡᠨ ᠦ᠌ ᠡᠷᠴᠢ ᠴᠠᠭᠠᠰᠢᠯᠠᠬᠤ ᠪᠣᠯᠤᠭ᠎ᠠ ᠦᠭᠡᠢ ᠮᠡᠲᠦ ᠴᠠᠭᠠᠨ᠎ᠠ ᠪᠠᠨ ᠯᠠ ᠵᠢᠩᠳᠡᠭᠦᠦ᠂ ᠣᠷᠬᠣᠨ ᠭᠣᠣᠯ ᠤ᠋ᠨ ᠡᠷᠭᠢ ᠪᠡᠷ ᠬᠠᠪᠤᠷᠵᠢᠵᠤ ᠪᠠᠢᠭᠰᠠᠨ ᠰᠤᠷᠬᠠᠭᠲᠠᠨᠢ ᠬᠠᠲᠤᠨ ᠤ᠋ ᠤᠤᠭᠠᠨ ᠬᠦᠦ ᠮᠥᠩᠬᠡ ᠶ᠋ᠢᠨ ᠭᠡᠷ ᠲᠦ᠍ ᠠᠯᠤᠰ ᠬᠣᠯᠠ ᠶ᠋ᠢᠨ ᠨᠢᠭᠡᠨ ᠠᠶᠠᠨᠴᠢᠨ ᠢᠷᠡᠭᠰᠡᠨ ᠨᠢ ᠰᠥᠩ ᠱᠠᠨ ᠳ᠋ᠠᠬᠢ ᠱᠣᠣ ᠯᠢᠨ ᠰᠧ ᠰᠦᠮ᠎ᠡ ᠶ᠋ᠢᠨ ᠬᠤᠸᠠᠷᠠᠭ ᠢᠦᠢ ᠪᠠᠢᠯ᠎ᠠ᠃ ᠬᠠᠪᠤᠷ ᠤ᠋ᠨ ᠲᠠᠷᠴᠢᠭ ᠴᠠᠭ ᠢ᠋ᠶ᠋ᠠᠷ ᠢᠷᠡᠭᠰᠡᠨ ᠡᠨᠡ ᠬᠤᠸᠠᠷᠠᠭ ᠮᠥᠩᠬᠡ ᠶ᠋ᠢᠨ ᠤᠷᠢᠯᠭ᠎ᠠ ᠪᠠᠷ ᠲᠠᠯ᠎ᠠ ᠨᠤᠲᠤᠭ ᠤ᠋ᠨ ᠵᠦᠭ ᠬᠦᠯᠦᠭ ᠦ᠋ᠨ ᠵᠢᠯᠣᠭᠣ ᠵᠠᠯᠠᠭᠠᠳ ᠥᠨᠥ ᠬᠦᠷᠦᠯᠴᠡᠨ ᠢᠷᠡᠵᠡᠢ᠃ ᠡᠮᠦᠨ᠎ᠡ ᠵᠦᠭ ᠦ᠋ᠨ ᠪᠤᠷᠬᠠᠨ ᠤ᠋ ᠣᠷᠣᠨ ᠡᠴᠡ ᠠᠪᠴᠢᠷᠠᠭᠰᠠᠨ ᠠᠷᠴᠠ ᠬᠦᠵᠢ᠂ ᠲᠠᠬᠢᠯᠭ᠎ᠠ ᠲᠡᠷᠢᠭᠦᠲᠡᠨ ᠢ᠋ ᠳᠡᠯᠭᠡᠨ ᠲᠠᠯᠪᠢᠬᠤ ᠡᠨᠡ ᠡᠷᠬᠢᠮ ᠡᠳᠦᠭᠡ ᠳᠥᠴᠢ ᠭᠠᠷᠤᠮ᠎ᠠ ᠨᠠᠰᠤᠨ ᠤ᠋ ᠱᠠᠰᠢᠨ ᠨᠣᠮ ᠤ᠋ᠨ ᠬᠥᠮᠦᠨ ᠦ᠌ ᠬᠤᠪᠢ ᠳ᠋ᠤ᠌ ᠢᠳᠡ ᠵᠢᠭᠰᠠᠬᠤ ᠨᠠᠰᠤᠨ ᠳ᠋ᠠᠭᠠᠨ ᠶᠠᠪᠤᠭ᠎ᠠ ᠠᠵᠢ᠃ ᠢᠦᠢ ᠬᠤᠸᠠᠷᠠᠭ ᠣᠨᠢᠭᠠᠷ ᠨᠢᠳᠦ ᠪᠡᠨ ᠤᠯᠠᠮ ᠪᠦᠷ ᠣᠨᠢᠢᠯᠭᠠᠨ
   — ᠮᠥᠩᠬᠡ ᠡᠵᠡᠨ ᠦ᠌ ᠵᠠᠷᠯᠢᠭ ᠢ᠋ ᠠᠪᠤᠭᠠᠳ ᠶᠠᠭᠠᠷᠠᠨ ᠢᠷᠡᠭᠰᠡᠨ ᠲᠤᠯᠠ ᠲᠠᠯ᠎ᠠ ᠨᠤᠲᠤᠭ ᠥᠨᠥᠬᠡᠨ ᠳ᠋ᠡᠭᠡᠨ ᠡᠢᠮᠦ ᠬᠦᠢᠲᠡᠨ ᠪᠠᠢᠭ᠎ᠠ ᠶ᠋ᠢ ᠴᠤ᠌ ᠭᠠᠳᠠᠷᠯᠠᠯ ᠦᠭᠡᠢ ᠬᠥᠩᠭᠡᠨ ᠨᠢᠮᠭᠡᠨ ᠭᠠᠷᠤᠭᠰᠠᠨ ᠡᠴᠡ ᠪᠠᠭ᠎ᠠ ᠵᠡᠷᠭᠡ ᠵᠢᠩᠳᠡᠯ᠎ᠡ ᠬᠡᠮᠡᠭᠡᠳ ᠢᠨᠢᠶᠡᠵᠦ ᠪᠠᠢᠨ᠎ᠠ᠃
ᠮᠥᠩᠬᠡ ᠭᠡᠷ ᠲᠦ᠋ᠨᠢ ᠢᠷᠡᠭᠰᠡᠨ ᠭᠡᠨᠡᠳᠲᠡ ᠶ᠋ᠢᠨ ᠵᠣᠴᠢᠨ ᠳ᠋ᠠᠭᠠᠨ ᠢᠳᠡᠭᠡ ᠰᠢᠭᠦᠰᠦ ᠲᠠᠯᠪᠢᠭᠤᠯᠤᠨ᠂ ᠡᠪᠦᠯ ᠦ᠋ᠨ ᠲᠤᠷᠰᠢ ᠬᠥᠯᠳᠡᠭᠦᠦ ᠬᠠᠳᠠᠭᠠᠯᠠᠭᠰᠠᠨ ᠠᠢᠷᠠᠭ ᠭᠡᠰᠬᠡᠭᠡᠵᠦ᠂ ᠰᠢᠷ᠎ᠠ ᠲᠣᠰᠣ ᠲᠠᠢ ᠰᠠᠮᠤᠷᠤᠭᠤᠯᠤᠨ ᠠᠪᠴᠢᠷᠠᠭᠠᠳ
   — ᠬᠠᠯᠠᠭᠤᠨ ᠢ᠋ᠶ᠋ᠠᠷ ᠨᠢ ᠤᠤᠭᠤᠴᠢᠬ᠎ᠠ᠂ ᠲᠠᠭᠠᠷᠠᠵᠤ ᠬᠦᠷᠦᠭᠡᠳ ᠬᠡᠢᠳᠡᠭᠰᠡᠨ ᠪᠠᠢᠵᠤ ᠮᠠᠭᠠᠳ᠃ ᠬᠤᠸᠠᠷᠠᠭ ᠲᠠᠨ ᠤ᠋ ᠡᠮᠦᠨᠡᠲᠦ ᠨᠤᠲᠤᠭ ᠲᠤ᠌ ᠲᠠᠨᠢ ᠠᠭᠤᠯᠵᠠᠵᠤ ᠪᠠᠢᠭᠰᠠᠨ ᠴᠠᠭ ᠡᠴᠡ ᠬᠣᠢᠰᠢ ᠣᠯᠠᠨ ᠵᠢᠯ ᠥᠩᠭᠡᠷᠡᠵᠦ᠂ ᠲᠠᠨ ᠲᠠᠢ ᠠᠭᠤᠯᠵᠠᠭᠰᠠᠨ ᠠᠭᠤᠯᠵᠠᠯᠲᠠ ᠶᠡᠷᠦ ᠰᠠᠨᠠᠭᠠᠨ ᠡᠴᠡ ᠮᠢᠨᠢ ᠭᠠᠷᠳᠠᠭ ᠦᠭᠡᠢ ᠶᠤᠮ᠃ ᠲᠡᠷᠡ ᠴᠠᠭ ᠡᠴᠡ ᠬᠣᠢᠰᠢ ᠯᠠ ᠲᠠᠯ᠎ᠠ ᠨᠤᠲᠤᠭ ᠲᠠᠭᠠᠨ ᠳᠠᠭᠤᠳᠠᠨ ᠢᠷᠡᠭᠦᠯᠵᠦ᠂ ᠪᠤᠷᠬᠠᠨ ᠨᠣᠮ ᠤ᠋ᠨ ᠲᠠᠯ᠎ᠠ ᠪᠠᠷ ᠶᠠᠷᠢᠯᠴᠠᠬᠤ ᠬᠦᠰᠡᠯ ᠲᠥᠷᠥᠭᠰᠡᠭᠡᠷ ᠡᠳᠦᠢ ᠬᠦᠷᠪᠡ᠃ ᠬᠠᠷᠢᠨ ᠲᠠᠯ᠎ᠠ ᠨᠤᠲᠤᠭ ᠲᠤ᠌ ᠤᠷᠢᠭᠰᠠᠨ ᠳᠠᠷᠤᠢ ᠮᠢᠨᠦ ᠤᠷᠢᠯᠭ᠎ᠠ ᠶ᠋ᠢ ᠬᠦᠯᠢᠶᠡᠨ ᠠᠪᠴᠤ ᠢᠷᠡᠬᠦ ᠡᠰᠡᠬᠦ ᠳ᠋ᠦ᠍ ᠲᠠᠨᠢ ᠦᠨᠡᠨ ᠳ᠋ᠡᠭᠡᠨ ᠡᠷᠡᠭᠡᠯᠵᠡᠨ ᠰᠠᠭᠤᠯ᠎ᠠ᠃ ᠲᠠᠨ ᠤ᠋ ᠢᠷᠡᠬᠦ ᠰᠤᠷᠠᠭ ᠢ᠋ ᠳᠤᠭᠤᠯᠤᠭᠠᠳ ᠠᠯᠲᠠᠢ ᠶ᠋ᠢᠨ ᠡᠪᠦᠷ ᠢ᠋ᠶ᠋ᠡᠷ ᠡᠪᠦᠯᠵᠢᠵᠦ ᠪᠠᠢᠭᠰᠠᠨ ᠡᠪᠦᠯᠵᠢᠶᠡᠨ ᠡᠴᠡ ᠪᠡᠨ ᠶᠠᠭᠠᠷᠠᠨ ᠨᠡᠭᠦᠳᠡᠯᠯᠡᠵᠦ ᠬᠠᠷᠠᠬᠣᠷᠣᠮ ᠳ᠋ᠤ᠌ ᠢᠷᠡᠯ᠎ᠡ ᠬᠡᠮᠡᠯ᠎ᠡ᠃
ᠢᠦᠢ ᠬᠤᠸᠠᠷᠠᠭ ᠢᠨᠢᠶᠡᠮᠰᠦᠭᠯᠡᠨ᠂
   ᠮᠥᠩᠬᠡ ᠨᠣᠶᠠᠨ ᠤᠷᠢᠵᠤ ᠪᠣᠢ ᠬᠣᠢᠨ᠎ᠠ ᠢᠷᠡᠬᠦ ᠦᠭᠡᠢ ᠪᠠᠢᠬᠤ ᠠᠷᠭ᠎ᠠ ᠶᠠᠭᠠᠬᠢᠨ ᠪᠠᠢᠬᠤ ᠪᠢᠯᠡ᠃ ᠲᠡᠭᠡᠭᠡᠳ ᠪᠢ ᠲᠠᠯ᠎ᠠ ᠨᠤᠲᠤᠭ ᠲᠤ᠌ ᠣᠴᠢᠵᠤ ᠦᠵᠡᠬᠦ ᠶ᠋ᠢᠨ ᠬᠦᠰᠡᠯ ᠢ᠋ᠶ᠋ᠡᠷ ᠳᠦᠭᠦᠷᠡᠩ ᠪᠠᠢᠭᠰᠠᠨ ᠲᠤᠯᠠ ᠴᠠᠭ ᠳᠤᠯᠠᠭᠠᠷᠠᠬᠤ ᠶ᠋ᠢ ᠬᠦᠯᠢᠶᠡᠯ ᠦᠭᠡᠢ ᠵᠣᠷᠢᠨ ᠢᠷᠡᠭᠰᠡᠨ ᠮᠢᠨᠢ ᠡᠨᠡ ᠭᠡᠪᠡ᠃
   ᠲᠡᠳᠡ ᠡᠷᠲᠡᠨ ᠦ᠌ ᠲᠠᠨᠢᠯ ᠠᠵᠢ᠃ ᠮᠥᠩᠬᠡ ᠥᠪᠡᠷ ᠦ᠋ᠨ ᠡᠴᠢᠭᠡ ᠲᠤᠯᠤᠢ ᠨᠣᠶᠠᠨ᠂ ᠥᠭᠡᠳᠡᠢ ᠬᠠᠭᠠᠨ ᠤ᠋ ᠬᠠᠮᠲᠤ ᠪᠠᠷ ᠡᠮᠦᠨ᠎ᠡ ᠵᠦᠭ ᠲᠦ᠍ ᠳᠠᠢᠳᠤᠨ ᠶᠠᠪᠤᠬᠤ ᠳ᠋ᠠᠭᠠᠨ ᠱᠣᠣ ᠯᠢᠨ ᠰᠧ ᠰᠦᠮ᠎ᠡ ᠪᠡᠷ ᠣᠷᠣᠵᠤ ᠢᠦᠢ ᠬᠤᠸᠠᠷᠠᠭ ᠪᠣᠯᠤᠨ ᠲᠡᠭᠦᠨ ᠦ᠌ ᠪᠠᠭᠰᠢ᠂ ᠱᠠᠪᠢ ᠨᠠᠷ ᠲᠠᠢ ᠤᠳᠠᠲᠠᠯ᠎ᠠ ᠨᠣᠮ ᠶᠠᠷᠢᠯᠴᠠᠨ ᠰᠠᠭᠤᠭᠰᠠᠨ ᠪᠥᠯᠥᠭᠡ᠃ ᠲᠡᠢᠨ ᠦ᠌ ᠬᠥᠯ ᠳ᠋ᠦ᠍ ᠲᠠᠯᠬᠠᠯᠠᠭᠳᠠᠭᠰᠠᠨ ᠭᠠᠵᠠᠷ ᠰᠢᠷᠣᠢ ᠳᠡᠭᠡᠭᠦᠷ ᠠᠮᠢ ᠥᠷᠢᠰᠦᠨ ᠲᠡᠮᠡᠴᠡᠵᠦ ᠶᠠᠪᠤᠬᠤ ᠦᠶ᠎ᠡ ᠳ᠋ᠡᠭᠡᠨ ᠪᠠᠭ᠎ᠠ ᠪᠠᠯᠴᠢᠷ ᠨᠠᠰᠤᠨ ᠠ᠋ᠴᠠ ᠪᠠᠨ ᠰᠢᠮᠳᠠᠨ ᠰᠣᠨᠣᠰᠴᠤ ᠪᠠᠢᠭᠰᠠᠨ ᠪᠤᠷᠬᠠᠨ ᠱᠠᠰᠢᠨ ᠤ᠋ ᠲᠤᠬᠠᠢ ᠦᠯᠢᠭᠡᠷ ᠳᠣᠮᠣᠭ ᠮᠡᠲᠦ ᠰᠠᠢᠬᠠᠨ ᠵᠦᠢᠯᠡᠰ ᠢ᠋ ᠦᠵᠡᠵᠦ ᠰᠣᠨᠣᠰᠤᠨ᠂ ᠰᠡᠳᠬᠢᠯ ᠪᠡᠶᠡᠰᠦᠨ᠎ᠡ ᠭᠡᠵᠦ ᠪᠣᠳᠣᠵᠤ ᠶᠠᠪᠤᠭ᠎ᠠ ᠦᠭᠡᠢ ᠮᠥᠩᠬᠡ ᠡᠨᠡ ᠰᠦᠮ᠎ᠡ ᠳ᠋ᠦ᠍ ᠢᠷᠡᠭᠡᠳ ᠪᠤᠴᠠᠬᠤ ᠳ᠋ᠠᠭᠠᠨ ᠶᠡᠬᠡᠳᠡ ᠪᠠᠶᠠᠷᠲᠠᠢ ᠪᠠᠢᠵᠠᠢ᠃ ᠮᠥᠩᠬᠡ ᠤᠭ ᠠ᠋ᠴᠠ ᠪᠠᠨ ᠲᠡᠢᠨ ᠳᠠᠵᠢᠨ ᠳ᠋ᠤ᠌ ᠳᠤᠷ᠎ᠠ ᠦᠭᠡᠢ᠂ ᠠᠪᠠ ᠬᠣᠮᠣᠷᠭ᠎ᠠ ᠬᠢᠬᠦ᠂ ᠠᠮᠢᠲᠠᠨ ᠠᠯᠠᠬᠤ ᠰᠣᠨᠢᠷᠬᠠᠯ ᠪᠠᠭ᠎ᠠ ᠲᠠᠢ᠂ ᠭᠠᠭᠴᠠ ᠬᠦ᠌ ᠶᠡᠬᠡ ᠬᠠᠭᠠᠨ ᠤ᠋ ᠭᠡᠷ ᠪᠦᠯᠢ ᠳ᠋ᠦ᠍ ᠲᠥᠷᠥᠵᠦ ᠥᠰᠦᠭᠰᠡᠨ᠂ ᠮᠡᠳᠡᠭᠡ ᠣᠷᠣᠭᠰᠠᠨ ᠴᠠᠭ ᠡᠴᠡ ᠨᠢ ᠨᠠᠰᠤᠨ ᠲᠤᠷᠰᠢᠲᠠ ᠨᠢ ᠲᠡᠢᠨ ᠳᠠᠵᠢᠨ ᠦᠷᠭᠦᠯᠵᠢᠯᠡᠭᠰᠡᠨ ᠪᠣᠯᠬᠣᠷ ᠲᠡᠷᠡ ᠵᠡᠪᠰᠡᠭ ᠠᠭᠰᠠᠨ ᠮᠣᠷᠢᠨ ᠳ᠋ᠠᠭᠠᠨ ᠮᠣᠷᠳᠠᠳᠠᠭ ᠪᠠᠢᠪᠠ᠃
   ᠲᠡᠳᠡᠨ ᠦ᠌ ᠶᠠᠷᠢᠶ᠎ᠠ ᠤᠳᠠᠲᠠᠯ᠎ᠠ ᠦᠷᠭᠦᠯᠵᠢᠯᠡᠯ᠎ᠡ᠃ ᠮᠥᠩᠬᠡ ᠢᠦᠢ ᠶ᠋ᠢᠨ ᠶᠠᠷᠢᠶᠠᠨ ᠡᠴᠡ ᠣᠯᠠᠨ ᠵᠦᠢᠯ ᠦ᠋ᠨ ᠲᠠᠯ᠎ᠠ ᠪᠠᠷ ᠮᠡᠳᠡᠵᠦ ᠠᠪᠤᠯ᠎ᠠ᠃ ᠬᠥᠮᠦᠨ ᠦ᠌ ᠠᠮᠢᠳᠤᠷᠠᠯ᠂ ᠡᠴᠦᠰ ᠲᠡᠭᠦᠰᠬᠡᠯ ᠦᠭᠡᠢ ᠦᠷᠭᠦᠯᠵᠢᠯᠡᠬᠦ ᠦᠢᠯᠡ ᠶ᠋ᠢᠨ ᠦᠷ᠎ᠡ ᠬᠢᠭᠡᠳ ᠨᠢᠭᠦᠯ ᠪᠤᠶᠠᠨ ᠤ᠋ ᠲᠤᠬᠠᠢ ᠭᠡᠳ ᠲᠡᠭᠦᠨ ᠦ᠌ ᠤᠩᠰᠢᠵᠤ ᠮᠡᠳᠡᠭᠰᠡᠨ ᠵᠦᠢᠯᠡᠰ ᠬᠠᠩᠭᠠᠯᠲᠠ ᠲᠠᠢ ᠪᠠᠢᠭᠰᠠᠨ ᠴᠤ᠌ ᠮᠥᠩᠬᠡ ᠡᠨᠡ ᠤᠳᠠᠭ᠎ᠠ ᠳ᠋ᠤ᠌ ᠢᠦᠢ ᠪᠠᠭᠰᠢ ᠡᠴᠡ ᠰᠣᠨᠣᠰᠬᠤ ᠵᠦᠢᠯ ᠣᠯᠠᠨ ᠪᠠᠢᠯ᠎ᠠ᠃
   — ᠴᠠᠭ ᠲᠠᠯᠪᠢᠷᠠᠵᠤ ᠤᠷᠢᠨ ᠳᠤᠯᠠᠭᠠᠨ ᠪᠣᠯᠤᠯ᠎ᠠ᠃ ᠨᠤᠲᠤᠭ ᠲᠤ᠌ ᠮᠠᠨᠢ ᠶᠡᠬᠡ ᠠᠵᠢᠯ ᠨᠠᠮᠠᠶ᠋ᠢ ᠬᠦᠯᠢᠶᠡᠵᠦ ᠪᠠᠢᠭ᠎ᠠ᠃ ᠡᠨᠳᠡᠬᠢ ᠪᠦᠬᠦ ᠵᠦᠢᠯ ᠴᠡᠭᠴᠡᠷᠡᠵᠦ᠂ ᠦᠷ᠎ᠡ ᠬᠡᠦᠬᠡᠳ ᠦ᠋ᠳ ᠦ᠋ᠨ ᠮᠢᠨᠢ ᠵᠢᠳᠬᠦᠯ ᠢ᠋ᠶ᠋ᠡᠷ ᠰᠠᠨᠠᠭᠰᠠᠨ ᠬᠡᠷᠡᠭ ᠮᠢᠨᠢ ᠪᠦᠲᠦᠵᠦ ᠪᠠᠢᠭ᠎ᠠ ᠲᠤᠯᠠ ᠲᠠᠯ᠎ᠠ ᠨᠤᠲᠤᠭ ᠲᠠᠭᠠᠨ ᠪᠤᠴᠠᠬᠤ ᠴᠠᠭ ᠪᠣᠯᠵᠠᠢ ᠭᠡᠮᠡᠨ ᠰᠤᠷᠬᠠᠭᠲᠠᠨᠢ ᠬᠠᠲᠤᠨ ᠳᠡᠷᠭᠡᠳᠡ ᠪᠡᠨ ᠰᠠᠭᠤᠭ᠎ᠠ ᠬᠦᠯᠡᠬᠦ᠂ ᠲᠣᠺᠣᠽ ᠬᠠᠲᠤᠨ ᠨᠠᠷ ᠲᠤ᠌ ᠬᠡᠯᠡᠯ᠎ᠡ᠃ ᠲᠣᠺᠣᠽ ᠬᠠᠲᠤᠨ᠄
   — ᠬᠠᠲᠤᠨ ᠡᠬᠡ ᠮᠢᠨᠢ ᠲᠠ ᠪᠢᠳᠡᠨ ᠲᠡᠢ ᠬᠠᠮᠲᠤ ᠡᠨᠳᠡ ᠵᠤᠨ ᠴᠠᠭ ᠢ᠋ ᠥᠩᠭᠡᠷᠡᠭᠦᠯᠪᠡᠯ ᠤᠭ ᠨᠢ ᠰᠠᠢᠨ ᠰᠠᠨ᠃ ᠡᠨᠳᠡᠬᠢ ᠶ᠋ᠢᠨ ᠵᠤᠨ ᠴᠠᠭ ᠲᠤᠩ ᠰᠠᠢᠬᠠᠨ᠂ ᠠᠭᠠᠷ ᠤᠰᠤ᠂ ᠴᠢᠭᠢᠭ ᠠᠯᠢ ᠠᠯᠢᠨ ᠲᠡᠩᠴᠡᠭᠦᠬᠡᠨ ᠪᠠᠢᠳᠠᠭ ᠲᠤᠯᠠ ᠵᠢᠮᠢᠰ ᠨᠣᠭᠣᠭ᠎ᠠ ᠴᠤ᠌ ᠰᠠᠢᠬᠠᠨ ᠤᠷᠭᠤᠵᠤ ᠳᠡᠯᠭᠡᠷᠡᠳᠡᠭ᠃ ᠡᠨᠳᠡᠬᠢ ᠶ᠋ᠢᠨ ᠠᠭᠠᠷ ᠬᠠᠲᠤᠨ ᠡᠬᠡ ᠳ᠋ᠦ᠍ ᠮᠢᠨᠢ ᠡᠮ ᠪᠣᠯᠬᠤ ᠤᠴᠢᠷ ᠲᠠᠢ᠃ ᠢᠩᠭᠢᠭᠡᠳ ᠶᠠᠪᠤᠨ᠎ᠠ ᠭᠡᠬᠦ ᠳ᠋ᠦ᠍ ᠲᠠᠨᠢ ᠬᠠᠷᠠᠮᠰᠠᠯ ᠲᠠᠢ ᠯᠠ ᠰᠠᠨᠠᠭᠳᠠᠵᠤ ᠪᠠᠢᠨ᠎ᠠ ᠭᠡᠵᠦ ᠬᠡᠯᠡᠯ᠎ᠡ᠃
   — ᠥᠬᠢᠨ ᠮᠢᠨᠢ᠂ ᠬᠠᠷᠢᠨ ᠴᠤ᠌ ᠬᠠᠲᠤᠨ ᠴᠢᠨᠦ ᠰᠠᠢᠬᠠᠨ ᠠᠭᠠᠰᠢ ᠠᠶᠠᠭ᠂ ᠬᠥᠭᠡᠷᠦᠬᠦᠨ ᠠᠴᠢ ᠶ᠋ᠢᠨ ᠤᠬᠠᠭᠠᠯᠢᠭ ᠵᠠᠩ ᠳ᠋ᠤ᠌ ᠤᠶᠠᠭᠳᠠᠨ ᠡᠪᠦᠯ ᠦ᠋ᠨ ᠬᠡᠳᠦᠨ ᠰᠠᠷ᠎ᠠ ᠶ᠋ᠢ ᠨᠢᠳᠦ ᠢᠷᠮᠡᠬᠦ ᠶ᠋ᠢᠨ ᠵᠠᠭᠤᠷ᠎ᠠ ᠳ᠋ᠤ᠌ ᠥᠩᠭᠡᠷᠡᠭᠦᠯᠦᠭᠰᠡᠨ ᠮᠡᠲᠦ ᠰᠠᠨᠠᠭᠳᠠᠨ᠎ᠠ᠃ ᠬᠠᠲᠤᠨ ᠡᠬᠡ ᠳ᠋ᠡᠭᠡᠨ ᠰᠠᠨᠠᠭ᠎ᠠ ᠵᠣᠪᠠᠬᠤ ᠬᠡᠷᠡᠭ ᠦᠭᠡᠢ᠃ ᠡᠨᠳᠡᠬᠢ ᠶ᠋ᠢᠨ ᠠᠭᠠᠷ ᠡᠮ ᠪᠣᠯᠬᠤ ᠬᠡᠳᠦᠢ ᠴᠦ᠍ ᠨᠠᠳᠠ ᠳ᠋ᠤ᠌ ᠪᠣᠯ ᠲᠠᠯ᠎ᠠ ᠨᠤᠲᠤᠭ ᠤ᠋ᠨ ᠠᠭᠠᠷ ᠰᠠᠯᠬᠢ ᠬᠣᠷᠸ᠎ᠠ ᠶ᠋ᠢᠨ ᠪᠦᠬᠦ ᠵᠢᠷᠭᠠᠯ ᠡᠴᠡ ᠢᠯᠡᠭᠦᠦ ᠠᠮᠲᠠ ᠲᠠᠢ ᠰᠠᠨᠠᠭᠳᠠᠳᠠᠭ ᠶᠤᠮ ᠭᠡᠵᠦ ᠬᠡᠯᠡᠭᠡᠳ ᠨᠤᠲᠤᠭ ᠢ᠋ᠶ᠋ᠠᠨ ᠰᠠᠨᠠᠪᠠ ᠪᠣᠯᠤᠯᠲᠠᠢ ᠢᠨᠢᠶᠡᠮᠰᠦᠭᠯᠡᠨ ᠬᠥᠯᠡᠬᠦ ᠳ᠋ᠦ᠍ ᠬᠠᠨᠳᠤᠨ᠄
   — ᠬᠦᠦ ᠮᠢᠨᠢ ᠴᠢ ᠥᠩᠭᠡᠷᠡᠭᠰᠡᠨ ᠬᠤᠭᠤᠴᠠᠭᠠᠨ ᠳ᠋ᠤ᠌ ᠶᠡᠬᠡ ᠬᠦᠴᠦ ᠬᠥᠳᠡᠯᠮᠦᠷᠢ ᠭᠠᠷᠭᠠᠭᠰᠠᠨ ᠴᠢᠨᠢ ᠬᠠᠷᠠᠭᠳᠠᠵᠤ ᠪᠠᠢᠨ᠎ᠠ᠃ ᠥᠨᠥ ᠪᠤᠬᠠᠷ ᠬᠣᠲᠠ ᠶ᠋ᠢᠨ ᠥᠩᠭᠡ ᠦᠵᠡᠮᠵᠢ ᠨᠡᠮᠡᠭᠳᠡᠵᠦ᠂ ᠠᠷᠠᠳ ᠲᠦᠮᠡᠨ ᠦ᠌ ᠠᠮᠢᠳᠤᠷᠠᠯ ᠲᠡᠭᠰᠢᠷᠡᠨ᠂ ᠠᠷᠠᠯᠵᠢᠶ᠎ᠠ ᠮᠠᠢᠮᠠᠢ ᠳᠡᠯᠭᠡᠷᠡᠵᠦ᠂ ᠪᠠᠰᠠ ᠮᠢᠩᠭᠠᠨ ᠬᠡᠦᠬᠡᠳ ᠦ᠋ᠨ ᠰᠤᠷᠭᠠᠭᠤᠯᠢ ᠬᠢᠴᠢᠶᠡᠯ ᠢ᠋ᠶ᠋ᠡᠨ ᠡᠬᠢᠯᠡᠭᠦᠯᠵᠦ᠂ ᠭᠠᠷ ᠤᠷᠠᠴᠤᠳ ᠥᠪᠡᠷ ᠦ᠋ᠨ ᠤᠷᠠᠯᠠᠭᠰᠠᠨ ᠪᠦᠲᠦᠭᠡᠯ ᠢ᠋ ᠰᠠᠨᠠᠭᠰᠠᠨ ᠦᠨ᠎ᠡ ᠪᠡᠷ ᠵᠠᠬ᠎ᠠ ᠳᠡᠭᠡᠷ᠎ᠡ ᠠᠷᠠᠯᠵᠢᠨ᠂ ᠰᠠᠢᠨ ᠰᠠᠢᠬᠠᠨ ᠠᠮᠢᠳᠤᠷᠠᠬᠤ ᠪᠣᠯᠵᠠᠢ᠃ ᠡᠨᠡ ᠪᠦᠬᠦᠨ ᠳ᠋ᠦ᠍ ᠴᠢᠨᠦ ᠵᠢᠳᠬᠦᠯ ᠨᠡᠩ ᠶᠡᠬᠡ ᠭᠡᠳᠡᠭ ᠢ᠋ ᠡᠬᠡ ᠨᠢ ᠮᠡᠳᠡᠨ᠎ᠡ᠃ ᠴᠢᠮ᠎ᠠ ᠳ᠋ᠤ᠌ ᠦᠢᠯᠡᠴᠢᠯᠡᠳᠡᠭ ᠠᠯᠪᠠᠲᠤ ᠲᠦᠰᠢᠮᠡᠳ ᠡᠴᠡ ᠡᠬᠢᠯᠡᠭᠡᠳ ᠬᠠᠷᠠᠴᠤ ᠠᠷᠠᠳ ᠬᠦᠷᠲᠡᠯ᠎ᠡ ᠶᠠᠷᠢᠵᠤ ᠬᠡᠯᠡᠬᠦ᠂ ᠤᠬᠠᠭᠠᠷᠠᠵᠤ ᠪᠣᠳᠣᠬᠤ ᠨᠢ ᠥᠭᠡᠷᠡᠴᠢᠯᠡᠭᠳᠡᠭᠰᠡᠨ ᠪᠠᠢᠨ᠎ᠠ᠃ ᠪᠢ ᠠᠩᠬ᠎ᠠ ᠴᠢᠮᠠᠶ᠋ᠢ ᠳᠠᠭᠠᠭᠤᠯᠤᠨ ᠨᠠᠭᠠᠰᠢ ᠭᠠᠷᠴᠤ ᠪᠠᠢᠬᠤ ᠳ᠋ᠠᠭᠠᠨ ᠬᠦᠦ ᠪᠡᠨ ᠶᠠᠭᠤ ᠬᠢᠵᠦ ᠴᠢᠳᠠᠬᠤ ᠶ᠋ᠢ ᠬᠠᠷᠠᠬᠤ ᠰᠠᠨ ᠭᠡᠵᠦ ᠬᠦᠰᠡᠵᠦ ᠪᠠᠢᠭᠰᠠᠨ ᠮᠢᠨᠢ ᠪᠡᠶᠡᠯᠡᠵᠦ ᠪᠠᠢᠨ᠎ᠠ ᠭᠡᠵᠦ ᠬᠡᠯᠡᠯ᠎ᠡ᠃ ᠬᠦᠯᠡᠬᠦ᠄
   — ᠡᠵᠢ ᠮᠢᠨᠢ᠂ ᠲᠠ ᠬᠦᠦ ᠪᠡᠨ ᠲᠣᠭᠣᠵᠤ ᠡᠨᠳᠡᠬᠢ ᠠᠵᠢᠯ ᠢ᠋ ᠮᠢᠨᠢ ᠦᠨᠡᠯᠡᠨ ᠪᠠᠢᠭ᠎ᠠ ᠴᠤ᠌ ᠡᠨᠡ ᠪᠦᠬᠦᠨ ᠳ᠋ᠦ᠍ ᠬᠠᠲᠤᠨ ᠡᠬᠡ ᠶ᠋ᠢᠨ ᠲᠤᠰᠠ ᠳᠠᠮ ᠶᠡᠬᠡ ᠪᠠᠢᠭᠰᠠᠨ ᠲᠤᠯᠠ ᠮᠢᠨᠦ ᠰᠠᠨᠠᠭ᠎ᠠ ᠪᠦᠲᠦᠭᠰᠡᠨ ᠬᠡᠷᠡᠭ᠃ ᠬᠠᠲᠤᠨ ᠤ᠋ ᠰᠤᠷᠭᠠᠭᠤᠯᠢ ᠪᠠᠷᠢᠬᠤ ᠰᠠᠨᠠᠭ᠎ᠠ ᠪᠣᠯ ᠲᠠᠨ ᠤ᠋ ᠬᠢ ᠪᠠᠢᠭᠰᠠᠨ᠂ ᠥᠨᠥ ᠥᠷᠥᠨ᠎ᠡ ᠳᠣᠷᠣᠨ᠎ᠠ ᠶ᠋ᠢᠨ ᠣᠯᠠᠨ ᠣᠷᠣᠨ ᠡᠴᠡ ᠪᠠᠭᠰᠢ ᠨᠠᠷ ᠢᠷᠡᠵᠦ ᠬᠢᠴᠢᠶᠡᠯ ᠨᠣᠮ ᠵᠢᠭᠠᠬᠤ ᠪᠣᠯᠤᠯ᠎ᠠ᠃ ᠬᠡᠦᠬᠡᠳ ᠦ᠋ᠳ ᠦ᠋ᠨ ᠳᠣᠲᠣᠭᠤᠷ ᠪᠠᠢᠷᠢ ᠶ᠋ᠢ ᠪᠠᠭᠰᠢ ᠠᠵᠢᠯᠴᠢᠳ ᠤ᠋ᠨ ᠪᠠᠢᠷᠢ ᠲᠠᠢ ᠬᠠᠮᠲᠤ ᠪᠠᠷᠢᠭᠰᠠᠨ ᠨᠢ ᠦᠨᠡᠨ ᠳ᠋ᠡᠭᠡᠨ ᠰᠠᠢᠨ ᠬᠡᠷᠡᠭ ᠪᠣᠯᠤᠯ᠎ᠠ ᠭᠡᠪᠡ᠃
   — ᠰᠤᠷᠭᠠᠭᠤᠯᠢ ᠪᠠᠢᠭᠤᠯᠤᠨ᠎ᠠ ᠭᠡᠳᠡᠭ ᠨᠢᠭᠡ ᠬᠡᠷᠡᠭ᠂ ᠬᠠᠷᠢᠨ ᠡᠨᠳᠡ ᠡᠴᠡ ᠰᠤᠷᠤᠭᠰᠠᠨ ᠢ᠋ᠶ᠋ᠠᠨ ᠥᠷᠭᠡᠨ ᠣᠯᠠᠨ ᠳ᠋ᠤ᠌ ᠲᠦᠭᠡᠭᠡᠨ᠎ᠡ ᠭᠡᠳᠡᠭ ᠥᠭᠡᠷ᠎ᠡ ᠬᠡᠷᠡᠭ᠃
   ᠮᠥᠩᠬᠡ ᠲᠩᠷᠢ ᠶ᠋ᠢᠨ ᠬᠠᠤᠯᠢ ᠪᠠᠷ ᠲᠩᠷᠢ ᠳ᠋ᠦ᠍ ᠨᠢᠭᠡ ᠨᠠᠷᠠ ᠮᠠᠨᠳᠤᠵᠤ᠂ ᠭᠠᠵᠠᠷ ᠲᠤ᠌ ᠨᠢᠭᠡ ᠬᠠᠭᠠᠨ ᠰᠠᠭᠤᠬᠤ ᠤᠴᠢᠷ ᠲᠠᠢ ᠲᠤᠯᠠ ᠭᠠᠵᠠᠷ ᠭᠠᠵᠠᠷ ᠤ᠋ᠨ ᠡᠷᠳᠡᠮᠲᠦ ᠪᠠᠭᠰᠢ ᠨᠠᠷ ᠤ᠋ᠨ ᠡᠨᠡ ᠶᠡᠬᠡ ᠡᠷᠳᠡᠮ ᠮᠡᠳᠡᠯᠭᠡ ᠬᠣᠵᠢᠮ ᠤ᠋ᠨ ᠬᠥᠮᠦᠰ ᠦ᠋ᠨ ᠣᠶᠤᠨ ᠳ᠋ᠤ᠌ ᠭᠡᠭᠡ ᠪᠣᠯᠤᠨ ᠣᠷᠣᠰᠢᠨ᠎ᠠ ᠭᠡᠳᠡᠭ ᠲᠦ᠍ ᠢᠲᠡᠭᠡᠭᠰᠡᠨ ᠬᠡᠷᠡᠭ᠃ ᠪᠢᠳᠡ ᠭᠠᠵᠠᠷ ᠤ᠋ᠨ ᠶᠠᠪᠤᠳᠠᠯ ᠢ᠋ ᠪᠦᠷᠢᠨ ᠲᠠᠨᠢᠭᠰᠠᠨ ᠤ᠋ ᠳᠠᠷᠠᠭ᠎ᠠ᠂ ᠲᠩᠷᠢ ᠶ᠋ᠢᠨ ᠶᠠᠪᠤᠳᠠᠯ ᠢ᠋ ᠳᠤᠯᠢᠳᠠᠨ ᠬᠠᠷᠠᠵᠤ ᠰᠤᠷᠬᠤ ᠤᠴᠢᠷ ᠲᠠᠢ᠃ ᠲᠡᠨᠳᠡ ᠶᠢᠷᠲᠢᠨᠴᠦ ᠳ᠋ᠠᠬᠢᠨ ᠤ᠋ ᠵᠠᠶᠠᠭ᠎ᠠ ᠲᠥᠭᠡᠷᠭᠡ ᠣᠷᠣᠰᠢᠨ ᠪᠠᠢᠭ᠎ᠠ ᠭᠡᠵᠦ ᠪᠣᠳᠣᠭᠳᠠᠨ᠎ᠠ᠃ ᠮᠥᠩᠬᠡ ᠲᠩᠷᠢ ᠳ᠋ᠦ᠍ ᠶᠠᠭᠤ ᠣᠷᠣᠰᠢᠨ᠎ᠠ ᠭᠡᠳᠡᠭ ᠢ᠋ ᠮᠢᠨᠦ ᠨᠠᠰᠤ ᠭᠦᠢᠴᠡᠨ ᠦᠵᠡᠵᠦ ᠴᠢᠳᠠᠬᠤ ᠦᠭᠡᠢ ᠴᠦ᠍ ᠮᠠᠭᠠᠳ ᠦᠷ᠎ᠡ ᠬᠣᠢᠴᠢᠰ ᠮᠢᠨᠢ ᠬᠠᠷᠠᠬᠤ ᠪᠢᠵᠡ ᠭᠡᠮᠡᠨ ᠬᠡᠯᠡᠯ᠎ᠡ᠃
ᠬᠦᠯᠡᠬᠦ ᠰᠤᠷᠬᠠᠭᠲᠠᠨᠢ ᠡᠬᠡ ᠶ᠋ᠢᠨ ᠢ᠋ᠶ᠋ᠡᠨ《ᠭᠠᠵᠠᠷ ᠤ᠋ᠨ ᠶᠠᠪᠤᠳᠠᠯ ᠢ᠋ ᠪᠦᠷᠢᠨ ᠲᠠᠨᠢᠭᠰᠠᠨ ᠤ᠋ ᠳᠠᠷᠠᠭ᠎ᠠ ᠲᠩᠷᠢ ᠶ᠋ᠢᠨ ᠶᠠᠪᠤᠳᠠᠯ ᠢ᠋ ᠳᠤᠯᠢᠳᠠᠨ ᠬᠠᠷᠠᠵᠤ ᠰᠤᠷᠬᠤ ᠤᠴᠢᠷ ᠲᠠᠢ》 ᠭᠡᠰᠡᠨ ᠦᠭᠡ ᠶ᠋ᠢ ᠡᠷᠭᠢᠴᠡᠭᠦᠯᠦᠨ ᠪᠣᠳᠣᠨ᠎ᠠ᠃《ᠮᠥᠩᠬᠡ ᠲᠩᠷᠢ ᠳ᠋ᠦ᠍ ᠶᠠᠭᠤ ᠣᠷᠣᠰᠢᠨ᠎ᠠ ᠪᠣᠢ?》
ᠳᠣᠷᠣᠨ᠎ᠠ ᠵᠦᠭ ᠦ᠋ᠨ ᠴᠠᠮᠢᠨ ᠬᠢᠴᠡ ᠲᠡᠢ᠂ ᠨᠠᠭᠠᠰᠢ ᠴᠠᠭᠠᠰᠢ ᠬᠥᠳᠡᠯᠦᠨ ᠰᠠᠪᠠᠯᠠᠬᠤ ᠭᠠᠩᠬᠤᠳᠠᠭ ᠰᠠᠨᠳᠠᠯᠢ ᠳᠡᠭᠡᠷ᠎ᠡ ᠬᠥᠯ ᠢ᠋ᠶ᠋ᠡᠨ ᠠᠴᠢᠨ᠂ ᠬᠣᠶᠠᠷ ᠭᠠᠷ ᠢ᠋ᠶ᠋ᠠᠨ ᠴᠡᠭᠡᠵᠢᠨ ᠳᠡᠭᠡᠷ᠎ᠡ ᠪᠡᠨ ᠲᠠᠯᠪᠢᠭᠠᠳ ᠡᠳᠦᠷ ᠳᠤᠮᠳᠠ ᠶ᠋ᠢᠨ ᠡᠭᠡᠭᠡᠬᠦ ᠨᠠᠷᠠᠨ ᠡᠴᠡ ᠨᠢᠭᠤᠭᠳᠠᠨ ᠮᠠᠯᠠᠭᠠᠢ ᠪᠠᠷ ᠢ᠋ᠶ᠋ᠠᠨ ᠨᠢᠭᠤᠷ ᠢ᠋ᠶ᠋ᠠᠨ ᠬᠠᠭᠠᠭᠰᠠᠨ ᠬᠤᠪᠢᠯᠠᠢ ᠬᠠᠵᠠᠭᠤ ᠳ᠋ᠠᠭᠠᠨ ᠰᠠᠭᠤᠭ᠎ᠠ ᠥᠪᠡᠷ ᠦ᠋ᠨ ᠠᠯᠪᠠᠲᠤ ᠳ᠋ᠧᠦ ᠮᠧ ᠲᠡᠢ ᠶᠠᠷᠢᠯᠴᠠᠵᠤ ᠪᠠᠢᠯ᠎ᠠ᠃ ᠡᠨᠡ ᠬᠥᠮᠦᠨ ᠬᠤᠪᠢᠯᠠᠢ ᠶ᠋ᠢ ᠰᠤᠷᠬᠠᠭᠲᠠᠨᠢ ᠬᠠᠲᠤᠨ ᠤ᠋ ᠬᠠᠮᠲᠤ ᠪᠠᠷ ᠡᠨᠡ ᠭᠠᠵᠠᠷ ᠲᠤ᠌ ᠢᠷᠡᠭᠰᠡᠨ ᠴᠠᠭ ᠡᠴᠡ ᠬᠣᠢᠰᠢ ᠣᠢᠷ᠎ᠠ ᠳᠣᠲᠣᠨᠣ ᠪᠠᠢᠵᠤ᠂ ᠠᠯᠤᠰ ᠭᠠᠵᠠᠷ ᠲᠤ᠌ ᠡᠬᠡ ᠨᠤᠲᠤᠭ ᠢ᠋ᠶ᠋ᠠᠨ ᠰᠠᠨᠠᠭᠠᠯᠵᠠᠨ ᠰᠠᠭᠤᠳᠠᠭ ᠬᠤᠪᠢᠯᠠᠢ ᠳ᠋ᠤ᠌ ᠪᠠᠭ᠎ᠠ ᠠ᠋ᠴᠠ ᠪᠠᠨ ᠲᠤᠭᠤᠯᠵᠤ ᠰᠣᠨᠣᠰᠴᠤ ᠢᠷᠡᠭᠰᠡᠨ ᠨᠣᠮ ᠡᠷᠳᠡᠮ ᠦ᠋ᠨ ᠦᠨᠡᠨ ᠦ᠌ ᠲᠠᠯ᠎ᠠ ᠪᠠᠷ ᠴᠢᠬᠤᠯᠠᠴᠢᠯᠠᠨ ᠥᠭᠦᠯᠡᠵᠦ᠂ ᠰᠡᠳᠬᠢᠯ ᠰᠠᠨᠠᠭ᠎ᠠ ᠪᠠᠷ ᠳᠠᠮᠵᠢᠨ ᠰᠠᠭᠤᠳᠠᠭ ᠨᠢᠭᠡᠨ ᠪᠠᠢᠪᠠ᠃ ᠳ᠋ᠧᠦ ᠮᠧ ᠬᠤᠪᠢᠯᠠᠢ ᠡᠵᠡᠨᠲᠡᠨ ᠳ᠋ᠦ᠍ ᠬᠠᠨᠳᠤᠨ᠂
   — ᠨᠢᠭᠡ ᠭᠠᠵᠠᠷ ᠡᠴᠡ ᠨᠥᠭᠦᠭᠡ ᠭᠠᠵᠠᠷ ᠲᠤ᠌ ᠨᠡᠭᠦᠳᠡᠯᠯᠡᠨ ᠠᠮᠢᠳᠤᠷᠠᠬᠤ ᠨᠢ ᠴᠠᠭ ᠬᠤᠭᠤᠴᠠᠭ᠎ᠠ ᠠᠯᠳᠠᠬᠤ ᠶ᠋ᠢᠨ ᠳᠡᠭᠡᠷ᠎ᠡ᠂ ᠰᠣᠶᠣᠯ ᠳᠤᠷᠠᠰᠬᠠᠯ ᠤ᠋ᠨ ᠦᠨ᠎ᠡ ᠲᠡᠢ ᠥᠪ ᠰᠠᠩ ᠢ᠋ ᠪᠦᠷᠢᠳᠦᠭᠦᠯᠵᠦ ᠴᠢᠳᠠᠬᠤ ᠦᠭᠡᠢ ᠠᠯᠳᠠᠵᠤ ᠪᠠᠢᠭ᠎ᠠ ᠶᠤᠮ ᠰᠢᠭ᠋ ᠰᠠᠨᠠᠭᠳᠠᠬᠤ ᠶᠤᠮ ᠭᠡᠵᠦ ᠬᠡᠯᠡᠯ᠎ᠡ᠃ ᠲᠡᠷᠡ ᠡᠪᠦᠷ ᠳᠡᠭᠡᠷ᠎ᠡ ᠪᠡᠨ ᠰᠤᠳᠤᠷ ᠲᠠᠯᠪᠢᠨ ᠰᠠᠭᠤᠵᠠᠢ᠃ ᠬᠤᠪᠢᠯᠠᠢ ᠥᠨᠳᠡᠢᠨ ᠰᠠᠭᠤᠭᠠᠳ᠂
   — ᠮᠠᠨ ᠤ᠋ ᠬᠢᠨ ᠪᠣᠯ ᠰᠠᠭᠤᠭᠰᠠᠨ ᠰᠡᠴᠡᠨ ᠡᠴᠡ ᠶᠠᠪᠤᠭᠰᠠᠨ ᠲᠡᠨᠡᠭ ᠳᠡᠭᠡᠷ᠎ᠡ ᠭᠡᠵᠦ ᠶᠠᠷᠢᠳᠠᠭ ᠶᠤᠮ᠃ ᠡᠨᠡ ᠨᠢ ᠰᠠᠭᠤᠨ ᠰᠡᠴᠡᠷᠬᠡᠵᠦ ᠪᠠᠢᠭ᠎ᠠ ᠬᠥᠮᠦᠨ ᠦ᠌ ᠦᠵᠡᠵᠦ ᠬᠠᠷᠠᠭᠰᠠᠨ᠂ ᠲᠤᠭᠤᠯᠵᠤ ᠰᠣᠨᠣᠰᠤᠭᠰᠠᠨ ᠪᠦᠬᠦᠨ ᠶᠠᠪᠤᠭ᠎ᠠ ᠪᠠᠢᠭ᠎ᠠ ᠲᠡᠨᠡᠭ ᠢ᠋ ᠭᠦᠢᠴᠡᠬᠦ ᠦᠭᠡᠢ ᠭᠡᠰᠡᠨ ᠤᠳᠬ᠎ᠠ ᠲᠠᠢ᠃ ᠲᠡᠢᠮᠦ ᠡᠴᠡ ᠴᠦ᠍ ᠪᠢᠳᠡ ᠨᠢᠭᠡ ᠭᠠᠵᠠᠷ ᠡᠴᠡ ᠨᠥᠭᠦᠭᠡ ᠳ᠋ᠦ᠍ ᠨᠡᠭᠦᠳᠡᠯᠯᠡᠨ ᠠᠮᠢᠳᠤᠷᠠᠭᠰᠠᠭᠠᠷ ᠢᠷᠡᠭᠰᠡᠨ᠃ ᠨᠡᠭᠦᠳᠡᠯᠴᠢᠨ ᠮᠣᠩᠭᠣᠯᠴᠤᠳ ᠤ᠋ᠨ ᠤᠷ᠎ᠠ ᠤᠬᠠᠭᠠᠨ ᠰᠠᠭᠤᠭᠰᠠᠨ ᠰᠡᠴᠡᠨ ᠡᠴᠡ ᠬᠣᠯᠠ ᠳᠠᠪᠠᠵᠤ᠂ ᠥᠨᠥ ᠵᠠᠬ᠎ᠠ ᠬᠠᠶᠠᠭ᠎ᠠ ᠪᠠᠨ ᠤᠯᠠᠮ ᠪᠦᠷ ᠠᠯᠤᠰᠯᠠᠨ ᠳᠡᠯᠡᠭᠰᠡᠭᠡᠷ ᠪᠠᠢᠨ᠎ᠠ ᠭᠡᠪᠡ᠃ ᠳ᠋ᠧᠦ ᠮᠧ ᠬᠡᠰᠡᠭ ᠪᠣᠳᠣᠯᠬᠢᠯᠠᠨ ᠰᠠᠭᠤᠯ᠎ᠠ᠃
   — ᠮᠠᠨ ᠤ᠋ ᠳᠣᠲᠣᠷ᠎ᠠ ᠭᠠᠵᠠᠷ ᠲᠤ᠌ ᠪᠣᠯ ᠥᠭᠡᠷ᠎ᠡ᠃ ᠣᠯᠠᠨ ᠦᠶ᠎ᠡ ᠶ᠋ᠢᠨ ᠤᠬᠠᠭᠠᠨᠲᠠᠨ ᠨᠤᠭᠤᠳ ᠤ᠋ᠨ ᠭᠠᠢᠬᠠᠮᠰᠢᠭ ᠰᠢᠩᠭᠡᠭᠰᠡᠨ ᠦᠨᠡᠲᠡᠢ ᠪᠦᠬᠦᠨ ᠪᠠᠢᠬᠤ ᠶᠣᠰᠣᠲᠠᠢ ᠭᠠᠵᠠᠷ ᠢ᠋ᠶ᠋ᠠᠨ ᠬᠠᠳᠠᠭᠠᠯᠠᠭᠳᠠᠨ ᠪᠠᠢᠳᠠᠭ ᠲᠤᠯᠠ ᠲᠡᠳᠡᠨ ᠢ᠋ ᠬᠡᠨ ᠴᠦ᠍ ᠦᠯᠦ ᠬᠥᠳᠡᠯᠭᠡᠨ᠎ᠡ᠃ ᠬᠡᠳᠦᠨ ᠵᠠᠭᠤᠨ ᠵᠢᠯ ᠡᠢᠮᠦ ᠯᠡ ᠪᠠᠢᠭᠰᠠᠨ ᠬᠡᠮᠡᠪᠡᠯ᠂
   — ᠬᠡᠳᠦᠨ ᠵᠠᠭᠤᠨ ᠵᠢᠯ ᠬᠡᠪ ᠢ᠋ᠶ᠋ᠡᠷ ᠪᠠᠢᠭᠰᠠᠨ ᠵᠦᠢᠯ ᠢ᠋ ᠨᠢᠭᠡ ᠯᠡ ᠡᠳᠦᠷ ᠦᠭᠡᠢ ᠬᠢᠵᠦ ᠪᠣᠯᠤᠨ᠎ᠠ᠃ ᠲᠡᠳᠡᠨ ᠢ᠋ ᠦᠭᠡᠢ ᠪᠣᠯᠬᠤ ᠦᠭᠡᠢ ᠭᠡᠰᠡᠨ ᠪᠠᠲᠤᠯᠠᠭ᠎ᠠ ᠬᠠᠮᠢᠭ᠎ᠠ ᠪᠠᠢᠨ᠎ᠠ᠂ ᠪᠠᠢᠩᠭᠤ ᠰᠠᠭᠤᠷᠢᠨ ᠰᠠᠭᠤᠬᠤ ᠨᠢ ᠶᠡᠬᠡ ᠡᠷᠡᠰᠳᠡᠯ ᠢ᠋ ᠠᠪᠴᠤ ᠢᠷᠡᠬᠦ ᠪᠤᠰᠤ ᠤᠤ? ᠭᠡᠵᠦ ᠠᠰᠠᠭᠤᠪᠠ᠃
   — ᠪᠠᠢᠩᠭᠤ ᠨᠡᠭᠦᠳᠡᠯᠯᠡᠨ ᠪᠠᠢᠬᠤ ᠨᠢ ᠴᠦ᠍ ᠮᠥᠨ ᠡᠷᠡᠰᠳᠡᠯ ᠢ᠋ ᠠᠪᠴᠤ ᠢᠷᠡᠨ᠎ᠡ ᠭᠡᠵᠦ ᠰᠡᠳᠬᠢᠨ᠎ᠡ᠃ ᠤᠴᠢᠷ ᠨᠢ ᠶᠡᠬᠡᠩᠬᠢ ᠬᠣᠪᠣᠷ ᠨᠠᠨᠳᠢᠨ ᠵᠦᠢᠯᠡᠰ ᠠᠶᠠᠨ ᠵᠠᠮ ᠤ᠋ᠨ ᠤᠷᠲᠤ ᠳ᠋ᠤ᠌ ᠭᠡᠭᠡᠭᠳᠡᠵᠦ ᠠᠯᠠᠭ᠎ᠠ ᠪᠣᠯᠤᠨ᠎ᠠ᠃ ᠦᠨᠳᠦᠰᠦᠨ ᠰᠠᠭᠤᠷᠢ ᠪᠠᠨ ᠪᠡᠬᠢᠵᠢᠭᠦᠯᠦᠭᠡ ᠦᠭᠡᠢ ᠴᠠᠭ ᠲᠤ ᠥᠪ ᠰᠠᠩ ᠪᠦᠷᠢᠳᠬᠦ ᠪᠣᠯᠤᠮᠵᠢ ᠦᠭᠡᠢ᠃
   — ᠲᠠᠨ ᠤ᠋ ᠳᠣᠲᠣᠷ᠎ᠠ ᠭᠠᠵᠠᠷ ᠰᠠᠭᠤᠷᠢᠨ ᠰᠠᠭᠤᠭ᠎ᠠ ᠬᠥᠮᠦᠰ ᠦ᠋ᠨ ᠥᠪ ᠰᠣᠶᠣᠯ ᠢ᠋ ᠭᠠᠵᠠᠷ ᠭᠠᠵᠠᠷ ᠲᠤᠨᠢ ᠲᠦᠭᠡᠭᠡᠵᠦ ᠪᠠᠢᠭ᠎ᠠ ᠬᠥᠮᠦᠰ ᠬᠡᠨ ᠪᠣᠢ? ᠲᠡᠳᠡ ᠪᠣᠯ ᠲᠣᠷᠭᠠᠨ ᠤ᠋ ᠵᠠᠮ ᠳ᠋ᠠᠭᠠᠨ ᠶᠠᠪᠤᠬᠤ ᠬᠤᠳᠠᠯᠳᠤᠭᠠᠴᠢᠳ᠂ ᠨᠢᠭᠡ ᠭᠠᠵᠠᠷ ᠡᠴᠡ ᠨᠥᠭᠦᠭᠡ ᠭᠠᠵᠠᠷ ᠲᠤ᠌ ᠲᠡᠭᠡᠭᠡᠭᠳᠡᠨ ᠣᠴᠢᠵᠤ ᠪᠠᠢᠭ᠎ᠠ ᠪᠦᠬᠦᠨ ᠬᠣᠪᠣᠷ ᠨᠠᠨᠳᠢᠨ ᠴᠢᠬᠤᠯᠠ ᠪᠠᠷᠠᠭ᠎ᠠ ᠪᠠᠢᠳᠠᠭ᠃ ᠪᠢᠳᠡᠨ ᠦ᠌ ᠨᠡᠭᠦᠳᠡᠯᠴᠢᠳ ᠴᠤ᠌ ᠲᠡᠢᠮᠦ ᠬᠣᠪᠣᠷ ᠨᠠᠨᠳᠢᠨ ᠴᠢᠬᠤᠯᠠ ᠪᠦᠬᠦᠨ ᠢ᠋ ᠭᠠᠵᠠᠷ ᠭᠠᠵᠠᠷ ᠲᠤᠨᠢ ᠲᠦᠭᠡᠭᠡᠵᠦ ᠶᠠᠪᠤᠳᠠᠭ ᠤᠯᠤᠰ᠃ ᠭᠡᠪᠡᠴᠦ ᠴᠢᠨᠦ ᠬᠡᠯᠡᠳᠡᠭ ᠢ᠋ᠶ᠋ᠡᠷ ᠪᠠᠢᠩᠭᠤ ᠨᠡᠭᠦᠳᠡᠯᠯᠡᠨ ᠶᠠᠪᠤᠬᠤ ᠨᠢ ᠮᠥᠨ ᠴᠦ᠍ ᠡᠷᠡᠰᠳᠡᠯ ᠢ᠋ ᠳᠠᠭᠠᠭᠤᠯᠳᠠᠭ ᠪᠢᠵᠡ ᠭᠡᠮᠡᠨ ᠬᠡᠯᠡᠭᠡᠳ ᠬᠡᠰᠡᠭ ᠳᠠᠭᠤ ᠦᠭᠡᠢ ᠰᠠᠭᠤᠯ᠎ᠠ᠃
ᠳ᠋ᠧᠦ ᠮᠧ ᠰᠠᠶᠢᠬᠠᠨ ᠬᠦᠷᠲᠡᠯ᠎ᠡ ᠥᠪᠡᠷ ᠲᠡᠢ ᠨᠢ ᠮᠡᠳᠬᠡᠯᠴᠡᠨ ᠪᠠᠢᠭᠰᠠᠨ ᠬᠤᠪᠢᠯᠠᠢ ᠡᠵᠡᠨ ᠶᠠᠭᠤᠨ ᠤ᠋ ᠤᠴᠢᠷ ᠳᠠᠭᠤ ᠪᠠᠨ ᠬᠣᠷᠢᠶᠠᠨ ᠰᠠᠭᠤᠭ᠎ᠠ ᠶ᠋ᠢ ᠮᠡᠳᠡᠬᠦ ᠦᠭᠡᠢ ᠲᠤᠯᠠ ᠠᠮᠠ ᠨᠡᠭᠡᠭᠡᠬᠦ ᠶ᠋ᠢ ᠨᠢ ᠬᠦᠯᠢᠶᠡᠪᠡ᠃ ᠬᠤᠪᠢᠯᠠᠢ᠄
   — ᠲᠡᠭᠡᠪᠡᠯ ᠪᠢᠳᠡ ᠡᠨᠡ ᠬᠣᠶᠠᠷ ᠢ᠋ ᠬᠣᠣᠰᠯᠠᠭᠤᠯᠪᠠᠯ ᠶᠠᠮᠠᠷ ᠪᠣᠢ ᠭᠡᠮᠡᠨ ᠠᠰᠠᠭᠤᠯ᠎ᠠ᠃ ᠳ᠋ᠧᠦ ᠮᠧ᠄
   — ᠬᠡᠷᠬᠢᠨ ᠬᠣᠣᠰᠯᠠᠭᠤᠯᠬᠤ ᠪᠢᠯᠡ ᠭᠡᠮᠡᠨ ᠭᠠᠢᠬᠠᠨ ᠠᠰᠠᠭᠤᠬᠤ ᠳ᠋ᠤ᠌᠂
   — ᠨᠡᠭᠦᠳᠡᠯᠴᠢᠳ ᠦ᠋ᠨ ᠠᠮᠢᠳᠤᠷᠠᠯ ᠢ᠋ ᠰᠠᠭᠤᠷᠢᠨ ᠠᠮᠢᠳᠤᠷᠠᠯ ᠲᠠᠢ ᠬᠣᠣᠰᠯᠠᠭᠤᠯᠵᠤ ᠪᠣᠯᠤᠨ᠎ᠠ᠃ ᠪᠢᠳᠡ ᠶᠡᠬᠡ ᠬᠣᠲᠠ ᠶ᠋ᠢ ᠪᠠᠷᠢᠵᠤ ᠲᠡᠨᠳᠡ ᠪᠡᠨ ᠥᠨᠢᠳᠡ ᠥᠪ ᠰᠣᠶᠣᠯ ᠢ᠋ᠶ᠋ᠠᠨ ᠬᠠᠳᠠᠭᠠᠯᠠᠨ ᠬᠠᠮᠠᠭᠠᠯᠠᠭᠠᠳ ᠬᠠᠷᠢᠨ ᠬᠣᠲᠠ ᠶ᠋ᠢ ᠲᠣᠭᠣᠷᠢᠨ ᠨᠡᠭᠦᠳᠡᠯ ᠦ᠋ᠨ ᠠᠮᠢᠳᠤᠷᠠᠯ ᠢ᠋ᠶ᠋ᠠᠷ ᠠᠮᠢᠳᠤᠷᠠᠵᠤ ᠪᠣᠯᠤᠨ᠎ᠠ᠃ ᠲᠡᠭᠡᠪᠡᠯ ᠬᠣᠲᠠ ᠶ᠋ᠢ ᠲᠣᠭᠣᠷᠢᠨ ᠨᠡᠭᠦᠳᠡᠯᠯᠡᠨ ᠠᠮᠢᠳᠤᠷᠠᠵᠤ ᠪᠠᠢᠭ᠎ᠠ ᠪᠢᠳᠡᠨ ᠦ᠌ ᠠᠮᠢᠳᠤᠷᠠᠯ ᠬᠣᠲᠠ ᠶ᠋ᠢ ᠬᠠᠮᠠᠭᠠᠯᠠᠬᠤ ᠲᠣᠮᠣ ᠬᠠᠮᠠᠭᠠᠯᠠᠯᠲᠠ ᠪᠣᠯᠬᠤ ᠪᠤᠰᠤ ᠤᠤ᠂ ᠥᠨᠥ ᠲᠠ ᠨᠠᠷ ᠤ᠋ᠨ ᠪᠦᠷᠢᠯᠳᠦᠭᠦᠯᠦᠭᠰᠡᠨ ᠡᠨᠡ ᠰᠠᠭᠤᠷᠢᠨ ᠠᠮᠢᠳᠤᠷᠠᠯ ᠴᠤ᠌ ᠳᠤᠲᠠᠭᠳᠠᠯ ᠲᠠᠢ ᠲᠠᠯ᠎ᠠ ᠣᠯᠠᠨ ᠲᠠᠢ᠃ ᠲᠡᠢᠮᠦ ᠡᠴᠡ ᠰᠠᠭᠤᠷᠢᠨ ᠠᠮᠢᠳᠤᠷᠠᠯ ᠢ᠋ ᠨᠡᠭᠦᠳᠡᠯ ᠦ᠋ᠨ ᠤᠯᠠᠮᠵᠢᠯᠠᠯ ᠲᠠᠢ ᠬᠣᠣᠰᠯᠠᠭᠤᠯᠬᠤ ᠨᠢ ᠳᠡᠭᠡᠷ᠎ᠡ ᠶᠤᠮ ᠭᠡᠵᠦ ᠪᠣᠳᠣᠭᠳᠠᠯ᠎ᠠ ᠭᠡᠪᠡ᠃
   — ᠲᠤᠩ ᠰᠠᠢᠬᠠᠨ ᠰᠠᠨᠠᠭ᠎ᠠ ᠪᠤᠶᠤ᠃
   — ᠲᠡᠭᠡᠪᠡᠯ ᠪᠢᠳᠡᠨ ᠦ᠌ ᠪᠠᠢᠭᠤᠯᠬᠤ ᠬᠣᠲᠠ ᠰᠠᠭᠤᠷᠢᠨ ᠢ᠋ ᠵᠣᠷᠢᠨ ᠭᠠᠵᠠᠷ ᠭᠠᠵᠠᠷ ᠡᠴᠡ ᠬᠥᠮᠦᠰ ᠢᠷᠡᠵᠦ᠂ ᠥᠪᠡᠷ ᠥᠪᠡᠷ ᠦ᠋ᠨ ᠥᠪ ᠰᠣᠶᠣᠯ ᠢ᠋ ᠦᠯᠡᠳᠡᠭᠡᠨ᠂ ᠨᠢᠭᠡᠨ ᠶᠡᠬᠡ ᠬᠣᠲᠠ ᠴᠡᠴᠡᠭᠯᠡᠨ ᠪᠣᠰᠴᠤ ᠪᠣᠯᠬᠤ ᠰᠢᠭ᠋ ᠰᠠᠨᠠᠭᠳᠠᠨ᠎ᠠ᠃ ᠲᠡᠷᠡ ᠬᠣᠲᠠ ᠶᠠᠮᠠᠷ ᠴᠤ᠌ ᠬᠦᠴᠦᠨ ᠳ᠋ᠦ᠍ ᠦᠯᠦ ᠳᠡᠢᠯᠦᠭᠳᠡᠨ ᠣᠷᠣᠰᠢᠬᠤ ᠪᠣᠯᠤᠨ᠎ᠠ᠃
   — ᠵᠠᠯᠠᠭᠤ ᠨᠣᠶᠠᠨ ᠤ᠋ ᠬᠡᠯᠡᠳᠡᠭ ᠦᠨᠡᠨ᠃ ᠥᠨᠥ ᠲᠠᠯ᠎ᠠ ᠨᠤᠲᠤᠭ ᠲᠤ᠌ ᠲᠡᠢᠨ ᠳᠠᠵᠢᠨ ᠤ᠋ ᠬᠥᠯ ᠲᠠᠲᠠᠷᠠᠭ᠎ᠠ ᠦᠭᠡᠢ ᠪᠠᠢᠭ᠎ᠠ᠂ ᠬᠠᠷᠢᠨ ᠮᠠᠨ ᠤ᠋ ᠳᠣᠲᠣᠷ᠎ᠠ ᠭᠠᠵᠠᠷ ᠲᠤ᠌ ᠰᠠᠭᠤᠷᠢᠨ ᠠᠮᠢᠳᠤᠷᠠᠯ ᠡᠭᠦᠰᠦᠭᠡᠳ ᠪᠠᠭ᠎ᠠ ᠦᠭᠡᠢ ᠬᠤᠭᠤᠴᠠᠭ᠎ᠠ ᠥᠩᠭᠡᠷᠡᠭᠰᠡᠨ ᠲᠤᠯᠠ ᠡᠨᠳᠡᠬᠢ ᠶ᠋ᠢᠨ ᠲᠤᠷᠰᠢᠯᠭ᠎ᠠ ᠲᠠᠨ ᠳ᠋ᠤ᠌ ᠬᠡᠷᠡᠭ ᠪᠣᠯᠬᠤ ᠪᠢᠵᠡ᠂ ᠨᠢᠭᠡᠨᠲᠡ ᠬᠣᠲᠠ ᠪᠠᠷᠢᠬᠤ ᠪᠣᠯ ᠨᠡᠷ᠎ᠡ ᠥᠭᠬᠦ ᠬᠡᠷᠡᠭ ᠲᠡᠢ᠃ ᠶᠠᠮᠠᠷ ᠨᠡᠷ᠎ᠡ ᠪᠠᠢᠪᠠᠯ ᠵᠦᠭᠡᠷ ᠪᠣᠢ?
ᠳ᠋ᠧᠦ ᠮᠧ ᠡᠪᠦᠷ ᠳᠡᠭᠡᠷ᠎ᠡ ᠪᠡᠨ ᠪᠠᠢᠭ᠎ᠠ ᠰᠤᠳᠤᠷ ᠢ᠋ ᠡᠷᠭᠢᠭᠦᠯᠦᠨ ᠬᠠᠷᠠᠭᠠᠳ᠂
   — ᠵᠠᠭᠤ ᠨᠠᠢ᠍ᠮᠠ ᠭᠡᠵᠦ ᠬᠡᠯᠡᠯ᠎ᠡ᠃
   — ᠵᠠᠭᠤ ᠨᠠᠢ᠍ᠮᠠ ᠠ᠋᠃
   — ᠲᠡᠢᠮᠦ ᠠ᠋᠃ ᠪᠤᠷᠬᠠᠨ ᠱᠠᠰᠢᠨ ᠳ᠋ᠤ᠌ ᠴᠢᠬᠤᠯᠠᠴᠢᠯᠠᠳᠠᠭ ᠵᠠᠭᠤ ᠨᠠᠢ᠍ᠮᠠ ᠭᠡᠳᠡᠭ ᠲᠣᠭ᠎ᠠ ᠴᠢᠬᠤᠯᠠ ᠤᠴᠢᠷ ᠲᠠᠢ ᠶᠤᠮ ᠭᠡᠵᠦ ᠬᠡᠯᠡᠭᠡᠳ ᠭᠠᠷ ᠲᠠᠭᠠᠨ ᠪᠠᠷᠢᠭᠰᠠᠨ ᠡᠷᠢᠭᠡ ᠪᠡᠨ ᠬᠤᠪᠢᠯᠠᠢ ᠳ᠋ᠤ᠌ ᠬᠠᠷᠠᠭᠤᠯᠤᠨ᠂
   — ᠡᠨᠡ ᠡᠷᠢᠬᠡᠨ ᠦ᠌ ᠵᠠᠭᠤ ᠬᠦᠷᠲᠡᠯᠡᠬᠢ ᠲᠣᠭ᠎ᠠ ᠪᠣᠯ ᠬᠥᠮᠦᠨ ᠦ᠌ ᠨᠠᠰᠤᠨ ᠤ᠋ ᠬᠡᠮᠵᠢᠶ᠎ᠡ ᠶᠤᠮ᠃ ᠬᠠᠷᠢᠨ ᠵᠢᠷᠭᠤᠭ᠎ᠠ ᠨᠢ ᠡᠬᠡ ᠪᠣᠯᠤᠭᠰᠠᠨ ᠵᠢᠷᠭᠤᠭᠠᠨ ᠵᠦᠢᠯ᠂ ᠦᠯᠡᠳᠡᠭᠰᠡᠨ ᠬᠣᠶᠠᠷ ᠨᠢ ᠪᠤᠷᠬᠠᠨ ᠨᠣᠮ ᠬᠣᠶᠠᠷ ᠶᠤᠮ ᠭᠡᠵᠦ ᠬᠡᠯᠡᠭᠡᠳ ᠣᠷᠣᠢ ᠶ᠋ᠢ ᠨᠢ ᠵᠢᠭᠠᠨ᠂
   — ᠡᠨᠡ ᠭᠠᠭᠴᠠᠭᠠᠷ ᠢ᠋ᠶ᠋ᠠᠨ ᠪᠠᠢᠭ᠎ᠠ ᠨᠢ ᠪᠠᠭᠰᠢ ᠪᠢᠯᠡ᠃
   — ᠲᠡᠭᠡᠪᠡᠯ ᠵᠠᠭᠤ ᠨᠠᠢ᠍ᠮᠠᠨ ᠰᠦᠮ᠎ᠡ ᠭᠡᠵᠦ ᠨᠡᠷᠡᠯᠡᠪᠡᠯ ᠶᠠᠮᠠᠷ ᠪᠣᠢ᠃
   — ᠰᠠᠢᠬᠠᠨ ᠨᠡᠷ᠎ᠡ ᠪᠠᠢᠨ᠎ᠠ ᠭᠡᠪᠡ᠃
ᠡᠨᠡ ᠶᠠᠷᠢᠶᠠᠨ ᠡᠴᠡ ᠬᠣᠢᠰᠢ ᠬᠤᠪᠢᠯᠠᠢ ᠳ᠋ᠤ᠌ ᠥᠪᠡᠷ ᠦ᠋ᠨ ᠵᠠᠬᠢᠷᠤᠨ ᠰᠠᠭᠤᠵᠤ ᠪᠣᠢ ᠭᠠᠵᠠᠷ ᠲᠠᠭᠠᠨ ᠭᠡᠷ ᠥᠷᠥᠭᠡᠨ ᠦ᠌ ᠣᠷᠣᠨ ᠳ᠋ᠤ᠌ ᠤᠷᠲᠤ ᠥᠷᠭᠥᠭᠡ ᠪᠠᠷᠢᠭᠤᠯᠤᠨ᠂ ᠢᠷᠡᠭᠡᠳᠦᠢ ᠶ᠋ᠢᠨ ᠶᠡᠬᠡ ᠬᠣᠲᠠ ᠶ᠋ᠢᠨ ᠰᠠᠭᠤᠷᠢ ᠶ᠋ᠢ ᠲᠠᠯᠪᠢᠬᠤ ᠰᠠᠨᠠᠭ᠎ᠠ ᠲᠥᠷᠥᠵᠦ ᠡᠬᠢᠯᠡᠯ᠎ᠡ᠃
ᠤᠷᠲᠤ ᠴᠠᠭᠠᠨ ᠬᠡᠷᠡᠮ ᠡᠴᠡ ᠬᠣᠢᠰᠢ ᠱᠠᠩᠳᠤ ᠭᠣᠣᠯ ᠤ᠋ᠨ ᠳᠡᠭᠡᠳᠦ ᠤᠷᠤᠰᠬᠠᠯ ᠳ᠋ᠤ᠌ 《ᠵᠠᠭᠤ ᠨᠠᠢ᠍ᠮᠠᠨ ᠰᠦᠮ᠎ᠡ》 ᠭᠡᠮᠡᠨ ᠨᠡᠷᠡᠯᠡᠬᠦ ᠬᠣᠲᠠ ᠶ᠋ᠢ ᠪᠠᠷᠢᠬᠤ ᠠᠵᠢᠯ ᠢ᠋ ᠬᠤᠪᠢᠯᠠᠢ ᠶ᠋ᠢᠨ ᠠᠯᠪᠠᠲᠤ ᠨᠤᠭᠤᠳ ᠳᠣᠣᠷ᠎ᠠ ᠪᠦᠷᠢᠨ᠎ᠡ ᠪᠣᠯᠪᠠᠰᠤᠷᠠᠭᠤᠯᠵᠤ ᠡᠬᠢᠯᠡᠭᠡᠳ ᠪᠠᠢᠪᠠ᠃
   — ᠭᠦᠶᠦᠭ ᠪᠢᠳᠡᠨ ᠦ᠌ ᠡᠵᠡᠨ ᠬᠠᠭᠠᠨ ᠪᠣᠯᠤᠯ᠎ᠠ᠃ ᠬᠠᠭᠠᠨ ᠡᠷᠭᠦᠮᠵᠢᠯᠡᠬᠦ ᠶᠣᠰᠣᠯᠠᠯ ᠳ᠋ᠤ᠌ ᠣᠴᠢᠬᠤ ᠬᠦᠰᠡᠯ ᠨᠠᠳᠠ ᠳ᠋ᠤ᠌ ᠦᠨᠡᠨ ᠳ᠋ᠡᠭᠡᠨ ᠪᠠᠢᠭᠰᠠᠨ ᠦᠭᠡᠢ᠂ ᠪᠢ ᠬᠥᠶᠦᠭ ᠢ᠋ ᠰᠠᠢᠨ ᠮᠡᠳᠡᠨ᠎ᠡ᠃ ᠲᠡᠷᠡ ᠬᠡᠨ ᠪᠣᠯᠬᠤ ᠪᠠᠨ ᠣᠯᠠᠨ ᠤ᠋ ᠡᠮᠦᠨ᠎ᠡ ᠬᠠᠷᠠᠭᠤᠯᠵᠤ ᠠᠬᠠᠮᠠᠳ ᠬᠥᠪᠡᠭᠦᠳ ᠦ᠋ᠨ ᠠᠶᠠᠨ ᠲᠡᠢᠨ ᠦ᠌ ᠦᠶ᠎ᠡ ᠪᠡᠷ ᠲᠠᠷ ᠢ᠋ᠶ᠋ᠠᠨ ᠲᠠᠨᠢᠭᠤᠯᠵᠤ ᠪᠠᠢᠭᠰᠠᠨ ᠬᠥᠮᠦᠨ ᠭᠡᠭᠰᠡᠭᠡᠷ ᠠᠯᠲᠠᠨ ᠠᠶᠠᠭ᠎ᠠ ᠲᠠᠢ ᠰᠠᠷᠬᠤᠳ ᠢ᠋ ᠴᠢᠯᠠᠭᠤᠨ ᠰᠢᠷᠡᠭᠡᠨ ᠳᠡᠭᠡᠷ᠎ᠡ ᠡᠴᠡ ᠠᠪᠴᠤ ᠰᠢᠮᠡᠬᠦ ᠪᠠᠲᠤ ᠬᠠᠭᠠᠨ ᠤ᠋ ᠴᠢᠷᠠᠢ ᠳ᠋ᠤ᠌ ᠬᠡᠷᠬᠢᠬᠦ ᠨᠢ ᠲᠣᠳᠣᠷᠬᠠᠢ ᠦᠭᠡᠢ ᠪᠤᠬᠢᠮᠳᠤᠯ ᠲᠣᠳᠣᠷᠠᠨ ᠪᠠᠢᠪᠠ᠃ ᠲᠡᠷᠡ ᠠᠯᠲᠠᠨ ᠣᠷᠳᠣᠨ ᠤ᠋ ᠤᠯᠤᠰ ᠠ᠋ᠴᠠ ᠪᠠᠨ ᠪᠤᠬᠠᠷ ᠲᠤ᠌ ᠢᠷᠡᠵᠦ ᠰᠤᠷᠬᠠᠭᠳᠠᠨᠢ ᠬᠠᠲᠤᠨ ᠳ᠋ᠤ᠌ ᠪᠠᠷᠠᠯᠬᠠᠵᠠᠢ᠃ ᠪᠠᠲᠤ ᠬᠠᠭᠠᠨ ᠦᠭᠦᠯᠵᠢᠯᠡᠬᠦᠯᠦᠨ᠂
   — ᠭᠦᠶᠦᠭ ᠬᠠᠭᠠᠨ ᠣᠷᠣ ᠰᠠᠭᠤᠭᠠᠳ ᠴᠢᠰᠤ ᠤᠷᠤᠰᠬᠠᠬᠤ ᠡᠴᠡ ᠥᠭᠡᠷ᠎ᠡ ᠶᠠᠭᠤ ᠬᠢᠪᠡ᠃ ᠠᠬ᠎ᠠ ᠵᠠᠬ᠎ᠠ ᠪᠠᠨ ᠬᠦᠨᠳᠦᠯᠡᠬᠦ ᠶᠣᠰᠣ ᠶ᠋ᠢ ᠤᠮᠠᠷᠲᠠᠵᠤ᠂ ᠶᠡᠬᠡ ᠵᠠᠰᠠᠭ ᠬᠠᠤᠯᠢ᠂ ᠶᠡᠬᠡ ᠬᠠᠭᠠᠨ ᠤ᠋ ᠤᠯᠠᠮᠵᠢᠯᠠᠯ ᠢ᠋ ᠵᠥᠷᠢᠴᠡᠯ᠎ᠡ᠃ ᠲᠡᠷᠡ ᠨᠠᠮᠠᠶ᠋ᠢ ᠮᠡᠷᠭᠢᠳ ᠦ᠋ᠨ ᠣᠷᠬᠢᠳᠠᠰᠤ ᠭᠡᠮᠡᠨ ᠳᠣᠷᠣᠮᠵᠢᠯᠠᠵᠤ᠂ ᠰᠠᠬᠠᠯ ᠲᠠᠢ ᠯᠠ ᠪᠣᠯᠬᠤ ᠡᠴᠡ ᠬᠥᠭᠰᠢᠨ
   ᠡᠮᠡᠭᠡᠨ ᠭᠡᠳ᠂ ᠮᠣᠳᠣᠨ ᠰᠡᠭᠦᠯ ᠵᠡᠭᠦᠯᠭᠡᠨ ᠬᠠᠷᠪᠤᠵᠤ ᠠᠯᠠᠪᠠᠯ ᠵᠣᠬᠢᠨ᠎ᠠ ᠭᠡᠵᠦ ᠬᠡᠯᠡᠭᠰᠡᠨ᠃ ᠭᠦᠶᠦᠭ ᠪᠢᠲᠡᠭᠡᠢ ᠬᠡᠯᠡ᠂ ᠶᠡᠬᠡ ᠡᠵᠡᠨ ᠬᠠᠭᠠᠨ ᠡᠨᠡ ᠦᠭᠡ ᠶ᠋ᠢ ᠠᠬᠢᠨ ᠬᠡᠯᠡᠬᠦ ᠶ᠋ᠢ ᠬᠣᠷᠢᠭᠯᠠᠵᠤ ᠪᠠᠢᠭᠰᠠᠨ᠂ ᠲᠡᠭᠦᠨ ᠦ᠌ ᠲᠤᠢᠯᠪᠤᠷᠢ ᠦᠭᠡᠢ ᠵᠠᠩ ᠢ᠋ ᠬᠠᠭᠠᠨ ᠡᠴᠢᠭᠡ ᠨᠢ ᠮᠡᠳᠡᠳᠡᠭ ᠪᠠᠢᠭᠰᠠᠨ ᠲᠤᠯᠠ ᠠᠮᠢᠳᠤ ᠰᠡᠷᠡᠭᠦᠨ ᠠᠬᠤᠢ ᠳ᠋ᠠᠭᠠᠨ ᠥᠪᠡᠷ ᠦ᠋ᠨ ᠳᠠᠷᠠᠭ᠎ᠠ ᠬᠠᠭᠠᠨ ᠣᠷᠣ ᠵᠠᠯᠭᠠᠬᠤ ᠬᠥᠮᠦᠨ ᠭᠡᠵᠦ ᠲᠣᠭᠣᠵᠤ ᠪᠠᠢᠭᠰᠠᠨ ᠤᠳᠠᠭ᠎ᠠ ᠦᠭᠡᠢ᠃ ᠭᠦᠶᠦᠭ ᠬᠠᠭᠠᠨ ᠰᠠᠭᠤᠭᠰᠠᠨ ᠡᠴᠡ ᠬᠣᠢᠰᠢ ᠪᠢ ᠠᠯᠲᠠᠨ ᠣᠷᠳᠣᠨ ᠤ᠋ ᠤᠯᠤᠰ ᠢ᠋ᠶ᠋ᠠᠨ ᠤᠯᠠᠮ ᠪᠦᠷ ᠲᠡᠯᠡᠵᠦ ᠡᠵᠡᠨᠲᠦ ᠭᠦᠷᠦᠨ ᠦ᠌ ᠨᠤᠲᠤᠭ ᠳᠡᠪᠢᠰᠬᠡᠷ ᠢ᠋ ᠥᠷᠭᠡᠳᠬᠡᠭᠰᠡᠨ ᠪᠠᠢᠬᠤ ᠳ᠋ᠤ᠌ ᠬᠠᠭᠠᠨ ᠡᠵᠡᠨ ᠥᠪᠡᠷ ᠢ᠋ᠶ᠋ᠡᠨ ᠡᠨᠡ ᠬᠤᠭᠤᠴᠠᠭᠠᠨ ᠳ᠋ᠤ᠌ ᠶᠠᠭᠤ ᠬᠢᠪᠡ᠃ ᠭᠦᠶᠦᠭ ᠪᠣᠯ ᠡᠨᠡ ᠤᠯᠤᠰ ᠤ᠋ᠨ ᠬᠤᠪᠢ ᠳ᠋ᠤ᠌ ᠶᠣᠰᠣᠲᠤ ᠬᠠᠭᠠᠨ ᠪᠢᠰᠢ ᠭᠡᠳᠡᠭ ᠢ᠋ ᠪᠢᠳᠡ ᠮᠡᠳᠡᠨ᠎ᠡ᠃ ᠬᠠᠷᠢᠨ ᠲᠡᠭᠦᠨ ᠦ᠌ ᠬᠠᠵᠠᠭᠤ ᠳ᠋ᠤ᠌ ᠮᠥᠩᠬᠡ ᠪᠣᠯ ᠥᠭᠡᠳᠡᠢ ᠬᠠᠭᠠᠨ ᠤ᠋ ᠨᠡᠷᠡᠯᠡᠵᠦ ᠪᠠᠢᠭᠰᠠᠨ ᠬᠠᠭᠠᠨ ᠣᠷᠣ ᠰᠠᠭᠤᠬᠤ ᠳᠠᠷᠠᠭ᠎ᠠ ᠶ᠋ᠢᠨ ᠬᠥᠮᠦᠨ ᠮᠥᠨ ᠡᠴᠡ ᠮᠥᠨ ᠬᠡᠮᠡᠯ᠎ᠡ᠃ ᠲᠡᠷᠡ ᠨᠢᠭᠡᠨ ᠴᠠᠭ ᠲᠤ᠌ ᠥᠭᠡᠳᠡᠢ ᠬᠠᠭᠠᠨ ᠤ᠋ ᠬᠡᠯᠡᠵᠦ ᠪᠠᠢᠭᠰᠠᠨ ᠦᠭᠡ ᠶ᠋ᠢ ᠰᠠᠨᠠᠭᠤᠯᠤᠨ ᠬᠡᠯᠡᠵᠦ᠂ ᠭᠦᠶᠦᠭ ᠦ᠋ᠨ ᠬᠠᠭᠠᠨᠴᠢᠯᠠᠯ ᠢ᠋ ᠡᠰᠡᠷᠭᠦᠴᠡᠨ ᠪᠠᠢᠭ᠎ᠠ ᠡᠴᠡ ᠪᠠᠲᠤ ᠬᠠᠭᠠᠨ ᠤ᠋ ᠪᠤᠬᠠᠷ ᠲᠤ᠌ ᠢᠷᠡᠭᠰᠡᠨ ᠵᠣᠷᠢᠯᠭ᠎ᠠ ᠢᠯᠡᠳᠲᠡ ᠪᠣᠯᠪᠠ᠃ ᠰᠤᠷᠬᠠᠭᠲᠠᠨᠢ ᠬᠠᠲᠤᠨ᠄
   — ᠪᠢ ᠡᠬᠡ ᠬᠥᠮᠦᠨ ᠦ᠌ ᠬᠤᠪᠢ ᠳ᠋ᠤ᠌ ᠬᠦᠦ ᠶ᠋ᠢ ᠮᠢᠨᠢ ᠳᠠᠷᠠᠭ᠎ᠠ ᠶ᠋ᠢᠨ ᠬᠠᠭᠠᠨ ᠢ᠋ᠶ᠋ᠠᠷ ᠨᠡᠷᠡᠯᠡᠵᠦ ᠪᠠᠢᠭᠰᠠᠨ ᠥᠭᠡᠳᠡᠢ ᠬᠠᠭᠠᠨ ᠤ᠋ ᠦᠭᠡ ᠶ᠋ᠢ ᠲᠠᠯᠠᠷᠬᠠᠨ ᠬᠦᠯᠢᠶᠡᠵᠦ ᠠᠪᠤᠭᠰᠨ ᠨᠢ ᠦᠨᠡᠨ᠃ ᠭᠡᠪᠡᠴᠦ ᠡᠵᠡᠨ ᠬᠠᠭᠠᠨ ᠥᠪᠡᠷ ᠢ᠋ᠶ᠋ᠡᠨ ᠴᠦ᠍ ᠶᠡᠬᠡ ᠮᠣᠩᠭᠣᠯ ᠤ᠋ᠨ ᠢᠷᠡᠭᠡᠳᠦᠢ ᠶ᠋ᠢᠨ ᠲᠥᠯᠥᠭᠡ ᠰᠠᠨᠠᠭ᠎ᠠ ᠵᠣᠪᠠᠨᠢᠨ ᠰᠠᠭᠤᠬᠤ ᠳ᠋ᠠᠭᠠᠨ ᠠᠯᠲᠠᠨ ᠤᠷᠤᠭ ᠤ᠋ᠨ ᠬᠢᠨ ᠦ᠌ ᠡᠪ ᠨᠢᠭᠡᠳᠦᠯ ᠢ᠋ ᠴᠢᠬᠤᠯᠠᠴᠢᠯᠠᠨ ᠬᠡᠯᠡᠵᠦ ᠪᠠᠢᠭᠰᠠᠨ᠃ ᠲᠣᠰᠣ ᠳᠣᠲᠣᠷ᠎ᠠ ᠠ᠋ᠴᠠ ᠪᠠᠨ ᠦᠲᠦᠭᠦ ᠨᠢ ᠠᠶᠤᠯᠲᠠᠢ ᠭᠡᠵᠦ ᠶᠠᠷᠢᠳᠠᠭ᠃ ᠥᠨᠥ ᠪᠢᠳᠡᠨ ᠥᠪᠡᠷ ᠵᠠᠭᠤᠷ᠎ᠠ ᠪᠠᠨ ᠬᠠᠭᠠᠷᠠᠯᠳᠤᠪᠠᠯ ᠦᠨᠡᠨ ᠳ᠋ᠡᠭᠡᠨ ᠶᠡᠬᠡ ᠵᠠᠳᠠᠷᠠᠯ ᠤ᠋ᠨ ᠡᠬᠢᠯᠡᠯ ᠪᠣᠯᠵᠤ ᠪᠣᠯᠬᠤ ᠶᠤᠮ᠃ ᠡᠬᠡ ᠬᠥᠮᠦᠨ ᠦ᠌ ᠡᠭᠦᠷᠭᠡ ᠡᠴᠡ ᠢᠯᠡᠭᠦᠦ ᠲᠡᠢ ᠶᠡᠬᠡ ᠮᠣᠩᠭᠣᠯ ᠤ᠋ᠨ ᠬᠤᠪᠢ ᠲᠠᠪᠢᠯᠠᠩ ᠳ᠋ᠤ᠌ ᠰᠡᠳᠬᠢᠯ ᠵᠣᠪᠠᠨᠢᠵᠤ ᠰᠠᠭᠤᠨ᠎ᠠ ᠭᠡᠯ᠎ᠡ᠃ ᠪᠠᠲᠤ ᠴᠢᠬᠤᠯ ᠲᠠᠢ ᠪᠠᠷ᠂
   — ᠬᠡᠷᠬᠢᠨ ᠬᠦᠯᠢᠶᠡᠬᠦ ᠪᠢᠯᠡ᠃ ᠬᠥᠶᠦᠭ ᠨᠠᠮᠠᠶ᠋ᠢ ᠬᠤᠷᠠᠯᠳᠠᠢ ᠳ᠋ᠤ᠌ ᠢᠷᠡᠭᠡ ᠦᠭᠡᠢ ᠶ᠋ᠢ ᠰᠢᠯᠲᠠᠭᠯᠠᠨ ᠤᠷᠢᠳᠤ ᠶ᠋ᠢᠨ ᠦᠰ ᠰᠠᠨᠠᠵᠤ᠂ ᠡᠵᠡᠨᠲᠦ ᠭᠦᠷᠦᠨ ᠦ᠌ ᠭᠠᠵᠠᠷ ᠨᠤᠲᠤᠭ ᠢ᠋ ᠲᠡᠯᠡᠬᠦ ᠨᠡᠷ᠎ᠡ ᠶ᠋ᠢᠨ ᠳᠣᠣᠷ᠎ᠠ ᠠᠯᠲᠠᠨ ᠣᠷᠳᠣᠨ ᠤ᠋ ᠤᠯᠤᠰ ᠲᠤ᠌ ᠮᠢᠨᠢ ᠰᠠᠨᠠᠭᠠᠷᠬᠠᠬᠤ ᠪᠣᠯᠤᠭᠰᠠᠨ ᠢ᠋ ᠪᠢ ᠬᠡᠷᠬᠢᠪᠡᠴᠦ ᠠᠭᠤᠴᠢᠯᠠᠵᠤ ᠴᠢᠳᠠᠬᠤ ᠦᠭᠡᠢ ᠨᠢ ᠠ᠋᠃ ᠲᠡᠢᠮᠦ ᠡᠴᠡ ᠶᠣᠰᠣ ᠦᠭᠡᠢ ᠬᠠᠭᠠᠨ ᠢ᠋ ᠰᠠᠭᠤᠳᠠᠯ ᠡᠴᠡ ᠨᠢ ᠠᠪᠴᠤ᠂ ᠶᠣᠰᠣᠲᠤ ᠬᠠᠭᠠᠨ ᠢ᠋ ᠰᠡᠨᠳᠡᠢ ᠳ᠋ᠦ᠍ᠨᠢ ᠵᠠᠯᠠᠬᠤ ᠬᠦᠰᠡᠯ ᠲᠡᠢ ᠪᠠᠢᠨ᠎ᠠ ᠬᠡᠮᠡᠪᠡ᠃ ᠪᠠᠲᠤ ᠬᠠᠭᠠᠨ ᠤ᠋ ᠡᠨᠡ ᠡᠷᠡᠰ ᠰᠢᠳᠪᠥᠷᠢ ᠲᠡᠢ ᠦᠭᠡᠨ ᠳ᠋ᠦ᠍ ᠰᠤᠷᠬᠠᠭᠲᠠᠨᠢ ᠬᠠᠲᠤᠨ᠂
   — ᠲᠦᠷᠦᠭᠦᠯᠡᠵᠦ ᠬᠥᠳᠡᠯᠵᠦ ᠪᠣᠯᠬᠤ ᠦᠭᠡᠢ ᠪᠣᠯᠪᠠ ᠤᠤ᠃ ᠪᠢ ᠤᠳᠠᠬᠤ ᠦᠭᠡᠢ ᠨᠤᠲᠤᠭ ᠪᠤᠴᠠᠨ᠎ᠠ᠃ ᠲᠡᠨᠳᠡ ᠣᠴᠢᠭᠠᠳ ᠴᠠᠭ ᠤ᠋ᠨ ᠪᠠᠢᠳᠠᠯ ᠢ᠋ ᠬᠠᠷᠠᠶ᠎ᠠ᠃ ᠬᠡᠷᠡᠭ ᠲᠡᠢ ᠪᠣᠯ ᠬᠡᠯᠡ ᠳᠣᠭᠣᠯᠭᠠᠶ᠎ᠠ ᠬᠡᠮᠡᠯ᠎ᠡ᠃ ᠪᠠᠲᠤ ᠬᠠᠭᠠᠨ ᠬᠡᠰᠡᠭ ᠪᠣᠳᠣᠯ ᠪᠣᠯᠤᠨ ᠰᠠᠭᠤᠭᠰᠠᠨ ᠢ᠋ᠶ᠋ᠠᠨ ᠬᠠᠲᠤᠨ ᠤ᠋ ᠦᠭᠡ ᠶ᠋ᠢ ᠵᠥᠪᠰᠢᠶᠡᠷᠡᠵᠦ ᠲᠦᠷᠦᠭᠦᠯᠡᠵᠦ ᠬᠥᠳᠡᠯᠬᠦ ᠦᠭᠡᠢ ᠪᠠᠢᠬᠤ ᠪᠠᠷ ᠰᠢᠢᠳᠪᠡ᠃
   ᠡᠨᠡ ᠶᠠᠷᠢᠶ᠎ᠠ ᠪᠤᠬᠠᠷ ᠳᠠᠬᠢ ᠰᠤᠷᠬᠠᠭᠲᠠᠨᠢ ᠬᠠᠲᠤᠨ ᠤ᠋ ᠦᠷᠭᠦᠭᠡᠨ ᠳ᠋ᠦ᠍ ᠪᠣᠯᠤᠭᠰᠠᠨ ᠤ᠋ ᠳᠠᠷᠠᠭᠠᠬᠠᠨ ᠬᠠᠲᠤᠨᠲᠠᠨ ᠡᠬᠡ ᠨᠤᠲᠤᠭ ᠤ᠋ᠨ ᠵᠦᠭ ᠵᠢᠯᠣᠭᠣ ᠵᠠᠯᠠᠵᠠᠢ᠃ ᠵᠥᠴᠢ ᠶ᠋ᠢᠨ ᠡᠷᠡᠰ ᠰᠢᠯᠤᠭᠤᠨ ᠵᠠᠩ᠂ ᠬᠤᠳᠠᠯ ᠬᠠᠭᠤᠷᠮᠠᠭ ᠢ᠋ ᠠᠭᠤᠴᠢᠯᠠᠨ ᠬᠦᠯᠢᠶᠡᠵᠦ ᠠᠪᠳᠠᠭ ᠦᠭᠡᠢ ᠰᠢᠳᠤᠷᠭᠤ ᠪᠠᠢᠳᠠᠯ ᠢ᠋ ᠪᠠᠲᠤ ᠬᠠᠭᠠᠨ ᠬᠠᠭᠤᠯᠤᠨ ᠠᠪᠤᠭᠰᠠᠨ ᠮᠡᠲᠦ ᠠᠳᠠᠯᠢᠬᠠᠨ ᠪᠠᠢᠪᠠ᠃ ᠲᠡᠷᠡ ᠦᠨᠡᠨ ᠳ᠋ᠡᠭᠡᠨ ᠠᠯᠲᠠᠨ ᠤᠷᠤᠭ ᠤ᠋ᠨ ᠬᠢᠨ ᠦ᠌ ᠳᠣᠲᠣᠷ᠎ᠠ ᠬᠦᠨᠳᠦᠲᠡᠢ ᠨᠢᠭᠡᠨ ᠪᠣᠯᠪᠠᠴᠤ ᠢᠮᠠᠭᠲᠠ ᠠᠯᠲᠠᠨ ᠤᠷᠤᠭ ᠤ᠋ᠨ ᠬᠢᠨ ᠦ᠌ ᠭᠠᠳᠠᠨ᠎ᠠ ᠲᠠᠯ᠎ᠠ ᠳ᠋ᠤ᠌ ᠥᠪᠡᠷ ᠢ᠋ ᠪᠡᠨ ᠲᠤᠰᠠᠭᠠᠷᠯᠠᠨ ᠢᠷᠡᠭᠰᠡᠨ ᠭᠡᠯᠲᠡᠢ᠃
   ᠪᠠᠲᠤ ᠳ᠋ᠤ᠌ ᠠᠯᠲᠠᠨ ᠤᠷᠤᠭ ᠤ᠋ᠨ ᠬᠠᠨ ᠬᠥᠪᠡᠭᠦᠳ ᠦ᠋ᠨ ᠠᠶᠠᠨ ᠲᠡᠢᠨ ᠳ᠋ᠦ᠍ ᠪᠠᠢᠭᠤᠯᠤᠭᠰᠠᠨ ᠭᠠᠪᠢᠶ᠎ᠠ ᠦᠯᠡᠮᠵᠢ ᠶᠡᠬᠡ ᠠᠭᠠᠳ ᠠᠯᠲᠠᠨ ᠣᠷᠳᠣᠨ ᠤ᠋ ᠤᠯᠤᠰ ᠢ᠋ᠶ᠋ᠠᠨ ᠤᠯᠠᠮ ᠪᠦᠷ ᠳᠡᠯᠡᠭᠰᠡᠭᠡᠷ ᠪᠠᠢᠪᠠ᠃ ᠶᠡᠬᠡ ᠬᠠᠭᠠᠨ ᠤ᠋ ᠦᠶ᠎ᠡ ᠶ᠋ᠢᠨ ᠦᠵᠡᠯ ᠪᠠᠷᠢᠮᠲᠠᠯᠠᠯ᠂ ᠪᠠᠢᠭᠤᠯᠤᠭᠰᠠᠨ ᠭᠠᠪᠢᠶ᠎ᠠ ᠪᠠᠷ ᠬᠠᠭᠠᠨ ᠣᠷᠣ ᠰᠠᠭᠤᠬᠤ ᠡᠷᠬᠡ ᠶ᠋ᠢ ᠣᠯᠵᠤ ᠪᠣᠯᠳᠠᠭ ᠬᠡᠪ ᠢ᠋ᠶ᠋ᠡᠷ ᠠᠭᠰᠠᠨ ᠪᠣᠯ ᠭᠦᠶᠦᠭ ᠦ᠋ᠨ ᠣᠷᠣᠨ ᠳ᠋ᠤ᠌ ᠬᠠᠭᠠᠨ ᠰᠠᠭᠤᠬᠤ ᠡᠷᠬᠢᠮ ᠭᠠᠪᠢᠶ᠎ᠠ ᠲᠠᠢ ᠬᠥᠮᠦᠨ ᠪᠠᠲᠤ ᠮᠥᠨ ᠡᠴᠡ ᠮᠥᠨ᠃ ᠭᠡᠪᠡᠴᠦ ᠲᠡᠷᠡ ᠨᠠᠰᠤ ᠶᠠᠪᠤᠵᠤ ᠪᠠᠢᠭ᠎ᠠ᠂ ᠠᠯᠲᠠᠨ ᠤᠷᠤᠭ ᠤ᠋ᠨ ᠬᠢᠨ ᠦ᠌ ᠳᠤᠮᠳᠠ ᠬᠦᠴᠦᠷᠬᠡᠭ ᠨᠢᠭᠡᠨ ᠬᠡᠳᠦᠢ ᠴᠦ᠍ ᠬᠠᠭᠠᠨ ᠣᠷᠣ ᠰᠠᠭᠤᠪᠠᠯ ᠬᠠᠮᠤᠭ ᠡᠪᠳᠡᠷᠡᠯ ᠦ᠋ᠨ ᠡᠭᠦᠳᠡ ᠶ᠋ᠢ ᠨᠡᠭᠡᠭᠡᠵᠦ ᠪᠣᠯᠬᠤ ᠠᠶᠤᠯ ᠢᠷᠡᠵᠦ ᠪᠣᠯᠬᠤ ᠵᠡᠷᠭᠡ ᠡᠴᠡ ᠰᠡᠷᠡᠮᠵᠢᠯᠡᠭᠰᠡᠨ ᠪᠣᠯᠤᠯᠲᠠᠢ᠃《ᠶᠡᠬᠡ ᠡᠵᠡᠨ ᠬᠠᠭᠠᠨ ᠤ᠋ ᠪᠠᠢᠭᠤᠯᠤᠭᠰᠠᠨ ᠤᠯᠤᠰ ᠡᠨᠡ ᠬᠦᠷᠦᠭᠡᠳ ᠮᠥᠬᠥᠬᠦ ᠬᠡᠷᠡᠭ ᠤᠤ᠂ ᠬᠠᠨ ᠬᠥᠪᠡᠭᠦᠳ ᠠᠯᠲᠠᠨ ᠤᠷᠤᠭ ᠤ᠋ᠨ ᠬᠢᠨ ᠦ᠌ ᠳᠣᠲᠣᠷ᠎ᠠ ᠡᠴᠡ ᠬᠠᠭᠠᠨ ᠰᠠᠭᠤᠬᠤ ᠶᠣᠰᠣᠲᠤ ᠬᠥᠮᠦᠨ ᠬᠡᠨ ᠪᠣᠢ》 ᠭᠡᠳᠡᠭ ᠢ᠋ ᠤᠬᠠᠨ ᠪᠣᠳᠣᠵᠤ ᠰᠠᠨᠠᠭ᠎ᠠ ᠵᠣᠪᠠᠨᠢᠬᠤ ᠳ᠋ᠠᠭᠠᠨ ᠬᠠᠭᠠᠨ ᠰᠠᠭᠤᠬᠤ ᠶᠣᠰᠣᠲᠤ ᠬᠥᠮᠦᠨ ᠪᠣᠯ ᠬᠠᠲᠤᠨ ᠤ᠋ ᠬᠦᠦ ᠮᠥᠩᠬᠡ ᠭᠡᠳᠡᠭ ᠢ᠋ ᠰᠠᠨᠠᠭᠤᠯᠤᠨ ᠬᠡᠯᠡᠬᠦ ᠪᠡᠷ ᠪᠤᠬᠠᠷ ᠲᠤ᠌ ᠢᠷᠡᠭᠰᠡᠨ ᠬᠡᠷᠡᠭ᠃ ᠰᠤᠷᠬᠠᠭᠲᠠᠨᠢ ᠬᠠᠲᠤᠨ ᠵᠠᠮ ᠵᠠᠭᠤᠷ᠎ᠠ ᠪᠤᠬᠠᠷ ᠬᠣᠲᠠ ᠳ᠋ᠤ᠌ ᠪᠠᠲᠤ ᠬᠠᠭᠠᠨ ᠲᠠᠢ ᠠᠭᠤᠯᠵᠠᠭᠰᠠᠨ ᠠᠭᠤᠯᠵᠠᠯᠲᠠ ᠶ᠋ᠢᠨ ᠲᠤᠬᠠᠢ ᠪᠠᠨ ᠪᠣᠳᠣᠵᠤ ᠶᠠᠪᠤᠬᠤ ᠳ᠋ᠤ᠌ ᠨᠢᠯᠬ᠎ᠠ ᠨᠣᠭᠣᠭᠠᠨ ᠤ᠋ ᠦᠨᠦᠷ ᠬᠠᠮᠠᠷ ᠲᠤ᠌ ᠦᠨᠦᠷᠲᠦᠵᠦ᠂ ᠴᠡᠯᠮᠡᠭ ᠲᠩᠷᠢ ᠶ᠋ᠢᠨ ᠲᠡᠷᠲᠡᠭᠡ ᠡᠴᠡ ᠵᠢᠷᠭᠠᠯ ᠤ᠋ᠨ ᠨᠠᠷᠠᠨ ᠡᠭᠡᠭᠡᠨ ᠪᠠᠢᠬᠤ ᠲᠠᠯ᠎ᠠ ᠨᠤᠲᠤᠭ ᠲᠠᠭᠠᠨ ᠢᠷᠡᠯ᠎ᠡ᠃ ᠴᠡᠭᠡᠵᠢ ᠳᠦᠭᠦᠷᠡᠩ ᠠᠮᠢᠰᠬᠤᠯᠯᠠᠬᠤ ᠴᠡᠩᠭᠡᠭ ᠠᠭᠠᠷ᠂ ᠰᠢᠪᠠᠭᠤᠳ ᠤ᠋ᠨ ᠱᠣᠯᠣᠭᠤᠨᠠᠭ᠎ᠠ᠃ ᠡᠪᠡᠰᠦ ᠨᠣᠭᠣᠭᠠᠨ ᠤ᠋ ᠰᠡᠷᠴᠢᠬᠢᠨᠡᠭᠡᠨ ᠪᠦᠬᠦᠨ ᠨᠢᠭᠡᠳᠦᠨ ᠨᠡᠢᠯᠡᠵᠦ ᠨᠢᠭᠡᠨ ᠴᠣᠯ ᠪᠣᠯᠤᠨ᠂ ᠢᠷᠠᠭᠤ ᠲᠤᠩᠭᠠᠯᠠᠭ ᠬᠥᠭᠵᠢᠮ ᠦ᠋ᠨ ᠡᠬᠡᠰᠢᠭ ᠰᠢᠭ ᠰᠣᠨᠣᠰᠤᠭᠳᠠᠨ ᠪᠠᠢᠬᠤ ᠠᠪᠠᠢ᠃
   ᠲᠡᠷᠡ ᠵᠢᠯ ᠦ᠋ᠨ ᠵᠤᠨ ᠠᠢᠬᠤᠪᠲᠤᠷ ᠶᠡᠬᠡ ᠭᠠᠩ ᠪᠣᠯᠤᠯ᠎ᠠ᠃ ᠮᠥᠩᠬᠡ ᠲᠩᠷᠢ ᠪᠤᠷᠤᠭᠤ ᠬᠠᠷᠠᠭᠰᠠᠨ ᠮᠡᠲᠦ᠂ ᠲᠩᠷᠢ ᠳ᠋ᠦ᠍ ᠡᠭᠦᠯᠡᠰ ᠬᠤᠷᠠᠯᠳᠤᠨ ᠢᠷᠡᠯ᠎ᠡ ᠴᠤ ᠬᠤᠷ᠎ᠠ ᠤᠰᠤ ᠪᠠᠨ ᠪᠠᠭᠤᠯᠭᠠᠯ ᠦᠭᠡᠢ ᠡᠮᠦᠨ᠎ᠡ ᠵᠦᠭ ᠲᠦ᠍ ᠢᠯᠡᠬᠡᠨ ᠪᠠᠢᠬᠤ ᠨᠢ ᠭᠠᠴᠢᠯᠠᠩ ᠲᠠᠢ᠃ ᠭᠣᠣᠯ ᠤ᠋ᠨ ᠤᠰᠤ ᠪᠦᠷᠢᠨ᠎ᠡ ᠰᠢᠷᠭᠢᠵᠦ᠂ ᠬᠡᠭᠡᠷ᠎ᠡ ᠶ᠋ᠢᠨ ᠡᠪᠡᠰᠦ ᠬᠦᠷᠲᠡᠯ᠎ᠡ ᠬᠥᠮᠦᠨ ᠦ᠌ ᠭᠠᠷ ᠬᠦᠷᠦᠭᠡ ᠦᠭᠡᠢ ᠪᠠᠢᠬᠤ ᠳ᠋ᠤ᠌ ᠬᠠᠷ᠎ᠠ ᠠᠶᠠᠨᠳᠠᠭᠠᠨ ᠰᠢᠲᠠᠨ ᠪᠣᠢ ᠶ᠋ᠢ ᠬᠠᠷᠠᠪᠠᠯ ᠮᠥᠩᠬᠡ ᠲᠩᠷᠢ ᠢᠪᠡᠭᠡᠯ ᠢ᠋ᠶ᠋ᠡᠨ ᠬᠠᠢᠷᠠᠯᠠᠭ᠎ᠠ ᠦᠭᠡᠢ ᠵᠢᠯ ᠪᠣᠯᠤᠯ᠎ᠠ᠃ ᠬᠥᠮᠦᠨ ᠮᠠᠯ ᠢᠳᠡᠬᠦ ᠬᠣᠭᠣᠯᠠ᠂ ᠤᠤᠭᠤᠬᠤ ᠤᠮᠳᠠ ᠦᠭᠡᠢ ᠲᠤᠢᠯᠳᠠᠨ ᠪᠠᠢᠵᠤ᠂ ᠠᠩᠬᠠᠨ ᠤ᠋ ᠴᠠᠰᠤ ᠲᠠᠢ ᠵᠣᠯᠭᠠᠭᠰᠠᠨ ᠬᠡᠳᠦᠢ ᠴᠦ᠍ ᠡᠪᠦᠯ ᠦ᠋ᠨ ᠶᠡᠬᠡ ᠵᠤᠳ ᠢ᠋ ᠲᠡᠰᠪᠦᠷᠢᠯᠡᠨ ᠭᠠᠷᠤᠨ᠎ᠠ ᠭᠡᠳᠡᠭ ᠲᠠᠯ᠎ᠠ ᠨᠤᠲᠤᠭ ᠳᠤ ᠪᠡᠷᠬᠡ ᠳᠠᠪᠠᠭ᠎ᠠ ᠪᠣᠯᠤᠭᠠᠳ ᠪᠠᠢᠪᠠ᠃ ᠮᠠᠯ ᠢ᠋ᠶ᠋ᠠᠨ ᠳᠠᠭᠠᠨ ᠡᠪᠡᠰᠦ ᠨᠣᠭᠣᠭ᠎ᠠ ᠬᠠᠢᠨ ᠣᠲᠣᠷ ᠳᠤ ᠭᠠᠷᠤᠭᠰᠠᠨ ᠮᠠᠯᠴᠢᠳ ᠭᠠᠵᠠᠷ ᠨᠤᠲᠤᠭ ᠨᠢ ᠪᠦᠬᠦᠯᠢ ᠳ᠋ᠡᠭᠡᠨ ᠵᠤᠳ ᠲᠤ ᠨᠡᠷᠪᠡᠭᠳᠡᠭᠰᠡᠨ ᠪᠣᠯᠬᠣᠷ ᠬᠡᠳᠦᠨ ᠮᠠᠯ ᠤ᠋ᠨ ᠢ᠋ᠶ᠋ᠠᠨ ᠭᠣᠣᠯ ᠢ᠋ ᠬᠠᠷᠠᠯᠠᠭᠤᠯᠵᠤ᠂ ᠵᠤᠳ ᠲᠤᠨᠢ ᠨᠢᠭᠡ ᠨᠢᠭᠡ ᠪᠡᠷ ᠨᠢ ᠠᠯᠳᠠᠭᠰᠠᠭᠠᠷ᠂ ᠶᠡᠬᠡᠩᠬᠢ ᠠᠢᠯ ᠬᠣᠲᠠ ᠪᠠᠨ ᠬᠠᠷᠠᠯᠠᠭᠤᠯᠪᠠ᠃ ᠬᠠᠷᠠᠬᠣᠷᠣᠮ ᠤ᠋ᠨ ᠴᠢᠯᠠᠭᠤᠨ ᠬᠠᠭᠠᠯᠭᠠᠨ ᠤ᠋ ᠡᠷᠭᠢᠨ ᠲᠣᠭᠣᠷᠢᠨ ᠥᠭᠯᠢᠭᠡ ᠬᠡᠰᠢᠭ ᠭᠣᠷᠢᠯᠠᠨ ᠢᠷᠡᠬᠦ ᠭᠤᠶᠤᠯᠭᠠᠴᠢᠳ ᠤ᠋ᠨ ᠲᠣᠭ᠎ᠠ ᠡᠳᠦᠷ ᠡᠳᠦᠷ ᠢ᠋ᠶ᠋ᠡᠷ ᠨᠡᠮᠡᠭᠳᠡᠭᠰᠡᠭᠡᠷ᠂ ᠬᠠᠢᠷ᠎ᠠ ᠨᠠᠢᠷ ᠦᠭᠡᠢ ᠬᠦᠨᠳᠦᠬᠡᠨ ᠴᠠᠭ ᠬᠤᠭᠤᠴᠠᠭ᠎ᠠ ᠰᠠᠶᠢ ᠨᠢᠭᠡ ᠶᠠᠭᠤᠮ᠎ᠠ ᠠᠮᠤᠷᠯᠢᠵᠤ᠂ ᠤᠷᠢᠨ ᠴᠠᠭ ᠲᠠᠢ ᠵᠠᠯᠭᠠᠬᠤ ᠳᠥᠭᠥᠨ ᠬᠠᠪᠤᠷ ᠤ᠋ᠨ ᠲᠡᠷᠢᠭᠦᠨ ᠰᠠᠷ᠎ᠠ ᠭᠠᠷᠬᠤ ᠳ᠋ᠤ᠌ ᠠᠭᠤᠷᠠᠭ ᠲᠤ ᠡᠪᠦᠯᠵᠢᠭᠰᠡᠨ ᠰᠤᠷᠬᠠᠭᠲᠠᠨᠢ ᠬᠠᠲᠤᠨ ᠭᠦᠶᠦᠭ ᠬᠠᠭᠠᠨ ᠳ᠋ᠤ᠌ ᠪᠠᠷᠠᠯᠬᠠᠬᠤ ᠪᠠᠷ ᠬᠠᠷᠠᠬᠣᠷᠣᠮ ᠳ᠋ᠤ᠌ ᠮᠣᠷᠢᠯᠠᠯ᠎ᠠ᠃ ᠬᠠᠭᠠᠨ ᠤ᠋ ᠣᠷᠳᠣᠨ ᠤ᠋ ᠣᠢᠷ᠎ᠠ ᠣᠷᠴᠢᠮ ᠲᠡᠳᠦᠢ ᠦᠭᠡᠢ᠂ ᠬᠠᠷᠠᠬᠣᠷᠣᠮ ᠤ᠋ᠨ ᠡᠷᠭᠢᠨ ᠲᠣᠭᠣᠷᠢᠨ ᠳ᠋ᠤ᠌ ᠬᠥᠯ ᠬᠥᠳᠡᠯᠭᠡᠭᠡᠨ ᠤᠯᠠᠮ ᠪᠦᠷ ᠶᠡᠬᠡᠰᠴᠦ᠂ ᠴᠡᠷᠢᠭ ᠲᠡᠢᠨ ᠦ᠌ ᠪᠡᠯᠡᠳᠬᠡᠯ ᠠᠵᠢᠯ ᠬᠢᠭᠳᠡᠵᠦ ᠪᠠᠢᠭ᠎ᠠ ᠨᠢ ᠠᠩᠵᠠᠭᠠᠷᠠᠭᠳᠠᠨ᠎ᠠ᠃ ᠬᠥᠯ ᠬᠥᠳᠡᠯᠭᠡᠭᠡᠨ ᠶᠡᠬᠡᠰᠦᠭᠰᠡᠨ ᠬᠠᠷᠠᠬᠣᠷᠣᠮ ᠤ᠋ᠨ ᠪᠠᠢᠷᠢ ᠪᠠᠢᠳᠠᠯ ᠢ᠋ ᠠᠵᠢᠭᠯᠠᠨ ᠶᠠᠪᠤᠵᠤ ᠪᠠᠢᠬᠤ ᠳ᠋ᠠᠭᠠᠨ ᠰᠤᠷᠬᠠᠭᠲᠠᠨᠢ ᠬᠠᠲᠤᠨ《ᠬᠠᠭᠠᠨ ᠡᠵᠡᠨ ᠶᠡᠬᠡ ᠡᠵᠡᠨ ᠬᠠᠭᠠᠨ ᠤ᠋ ᠦᠢᠯᠡ ᠬᠡᠷᠡᠭ ᠢ᠋ ᠦᠷᠭᠦᠯᠵᠢᠯᠡᠭᠦᠯᠬᠦ ᠪᠡᠷ ᠠᠶᠠᠨ ᠲᠡᠢᠨ ᠳ᠋ᠦ᠍ ᠭᠠᠷᠤᠭᠰᠠᠨ ᠴᠤ ᠦᠨᠡᠨ ᠳ᠋ᠡᠭᠡᠨ ᠡᠪᠦᠭᠡ ᠬᠠᠭᠠᠳ ᠤ᠋ᠨ ᠣᠯᠵᠤ ᠴᠤᠭᠯᠠᠭᠤᠯᠤᠭᠰᠠᠨ ᠡᠴᠡ ᠦᠯᠡᠮᠵᠢ ᠪᠠᠭᠠᠬᠠᠨ ᠣᠯᠵᠠ ᠣᠮᠣᠭ ᠲᠠᠢ ᠢᠷᠡᠭᠰᠡᠨ ᠠᠲᠠᠯ᠎ᠠ ᠳᠠᠬᠢᠨ ᠠᠶᠠᠨ ᠲᠡᠢᠨ ᠦ᠌ ᠪᠡᠯᠡᠳᠬᠡᠯ ᠬᠠᠩᠭᠠᠨ ᠪᠠᠢᠬᠤ ᠶ᠋ᠢᠨ ᠤᠴᠢᠷ ᠶᠠᠭᠤ ᠪᠢᠯᠡ》 ᠭᠡᠮᠡᠨ ᠪᠣᠳᠣᠵᠤ ᠶᠠᠪᠤᠯ᠎ᠠ᠃ ᠬᠡᠳᠦ ᠬᠣᠨᠣᠭ ᠤ᠋ᠨ ᠳᠠᠷᠠᠭ᠎ᠠ ᠬᠠᠭᠠᠨ ᠡᠵᠡᠨ ᠦᠷᠭᠦᠭᠡᠨ ᠳ᠋ᠡᠭᠡᠨ ᠠᠯᠲᠠᠨ ᠤᠷᠤᠭ ᠤ᠋ᠨ ᠬᠢᠨ᠂ ᠲᠥᠷᠥ ᠶ᠋ᠢᠨ ᠰᠠᠢᠳ ᠲᠦᠰᠢᠮᠡᠳ ᠢ᠋ ᠴᠤᠭᠯᠠᠭᠤᠯᠪᠠ᠃ ᠠᠯᠲᠠᠨ ᠤᠷᠤᠭ ᠤ᠋ᠨ ᠬᠦᠨᠳᠦᠲᠡᠢ ᠬᠠᠲᠤᠨ ᠰᠤᠷᠬᠠᠭᠲᠠᠨᠢ ᠡᠨᠳᠡ ᠴᠤᠭᠯᠠᠭᠰᠠᠨ ᠣᠯᠠᠨ ᠤ᠋ ᠳᠤᠮᠳᠠ ᠪᠠᠢᠯ᠎ᠠ᠃
ᠬᠠᠭᠠᠨ ᠡᠵᠡᠨ ᠥᠩᠭᠡᠷᠡᠭᠰᠡᠨ ᠪᠦᠲᠦᠨ ᠵᠢᠯ ᠦ᠋ᠨ ᠬᠤᠭᠤᠴᠠᠭᠠᠨ ᠳ᠋ᠤ᠌ ᠬᠢᠭᠰᠡᠨ ᠠᠵᠢᠯ᠂ ᠶᠠᠪᠤᠭᠤᠯᠤᠭᠰᠠᠨ ᠲᠡᠢᠨ ᠵᠡᠷᠭᠡ ᠶ᠋ᠢ ᠬᠡᠯᠡᠯᠴᠡᠭᠡᠳ᠂
   — ᠴᠠᠭ ᠤ᠋ᠨ ᠪᠠᠢᠳᠠᠯ ᠨᠠᠭᠠᠰᠢᠯᠠᠵᠤ ᠪᠠᠢᠨ᠎ᠠ᠂ ᠥᠭᠡᠳᠡᠢ ᠬᠠᠭᠠᠨ ᠡᠴᠢᠭᠡ ᠶ᠋ᠢᠨ ᠡᠵᠡᠮᠰᠢᠯ ᠡᠮᠢᠯ ᠨᠤᠲᠤᠭ ᠤ᠋ᠨ ᠠᠭᠤᠷ ᠠᠮᠢᠰᠬᠤᠯ ᠨᠠᠳᠠ ᠳ᠋ᠤ᠌ ᠵᠣᠬᠢᠳᠠᠭ᠃ ᠪᠡᠶ᠎ᠡ ᠴᠢᠯᠡᠭᠡᠵᠦ ᠪᠠᠷᠤᠭ ᠲᠠᠢ ᠪᠠᠢᠭ᠎ᠠ ᠲᠤᠯᠠ ᠲᠡᠨᠳᠡᠬᠢ ᠶ᠋ᠢᠨ ᠤᠰᠤ᠂ ᠤᠮᠳᠠᠭ᠎ᠠ᠂ ᠷᠠᠰᠢᠶᠠᠨ ᠢ᠋ ᠭᠥᠷᠳᠡᠪᠡᠯ ᠪᠡᠶ᠎ᠡ ᠳ᠋ᠦ᠍ ᠮᠢᠨᠢ ᠲᠤᠰᠠ ᠪᠣᠯᠤᠨ᠎ᠠ ᠪᠢᠵᠡ᠂ ᠡᠨᠡ ᠳᠡᠯᠢᠮ ᠳ᠋ᠦ᠍ ᠠᠶᠠᠨ ᠲᠡᠢᠨ ᠦ᠌ ᠲᠡᠭᠦᠰᠬᠡᠯ ᠢ᠋ ᠢᠯᠠᠯᠲᠠ ᠳ᠋ᠤ᠌ ᠬᠦᠷᠭᠡᠬᠦ ᠶ᠋ᠢᠨ ᠲᠤᠯᠠᠳᠠ ᠳᠠᠭᠤᠰᠬᠠᠭ᠎ᠠ ᠦᠭᠡᠢ ᠠᠵᠢᠯ ᠢ᠋ᠶ᠋ᠠᠨ ᠳᠠᠭᠤᠰᠬᠠᠬᠤ ᠪᠠᠷ ᠶᠡᠬᠡ ᠴᠡᠷᠢᠭ ᠢ᠋ᠶ᠋ᠡᠨ ᠠᠪᠤᠨ ᠬᠥᠳᠡᠯᠬᠦ ᠪᠣᠯᠤᠨ᠎ᠠ ᠭᠡᠳ᠂
   — ᠴᠡᠷᠢᠭ ᠦ᠋ᠨ ᠪᠡᠯᠡᠳᠬᠡᠯ᠂ ᠵᠠᠷ ᠵᠡᠪᠰᠡᠭ᠂ ᠬᠣᠭᠣᠯᠠ ᠬᠦᠨᠡᠰᠦ ᠪᠠᠵᠠᠭᠠᠬᠤ ᠠᠵᠢᠯ ᠢ᠋ ᠳᠠᠷᠤᠢ ᠳᠠᠭᠤᠰᠬ᠎ᠠ ᠭᠡᠮᠡᠨ ᠶᠡᠬᠡ ᠴᠡᠷᠢᠭ ᠦ᠋ᠨ ᠪᠡᠯᠡᠳᠬᠡᠯ ᠠᠵᠢᠯ ᠢ᠋ ᠡᠯᠵᠢᠭᠡᠳᠡᠢ ᠨᠣᠶᠠᠨ ᠳ᠋ᠤ᠌ ᠳᠠᠭᠠᠳᠬᠠᠨ᠂ ᠡᠨᠡ ᠶᠠᠷᠢᠶ᠎ᠠ ᠥᠨᠳᠥᠷᠯᠡᠪᠡ᠃
   ᠬᠠᠭᠠᠨ ᠤ᠋ ᠦᠷᠭᠦᠭᠡᠨ ᠳ᠋ᠦ᠍ ᠴᠤᠭᠯᠠᠭᠰᠠᠨ ᠣᠯᠠᠨ ᠭᠠᠳᠠᠭᠠᠯᠠᠵᠤ᠂ ᠲᠤᠰ ᠲᠤᠰ ᠤ᠋ᠨ ᠠᠵᠢᠯ ᠡᠭᠦᠷᠭᠡ ᠶ᠋ᠢ ᠭᠦᠢᠴᠡᠭᠡᠵᠦ᠂ ᠡᠮᠢᠯ ᠨᠤᠲᠤᠭ ᠤ᠋ᠨ ᠵᠦᠭ ᠤᠳᠠᠬᠤ ᠦᠭᠡᠢ ᠬᠥᠳᠡᠯᠬᠦ ᠬᠠᠭᠠᠨ ᠡᠵᠡᠨ ᠦ᠌ ᠪᠡᠯᠡᠳᠬᠡᠯ ᠢ᠋ ᠬᠠᠩᠭᠠᠬᠤ ᠪᠠᠷ ᠰᠠᠯᠤᠨ ᠶᠠᠪᠤᠭᠰᠠᠨ ᠤ᠋ ᠳᠠᠷᠠᠭ᠎ᠠ ᠰᠤᠷᠬᠠᠭᠲᠠᠨᠢ ᠬᠠᠲᠤᠨ ᠬᠥᠶᠦᠭ ᠬᠠᠭᠠᠨ ᠳ᠋ᠤ᠌ ᠪᠠᠷᠠᠯᠬᠠᠬᠤ ᠬᠦᠰᠡᠯᠲᠡ ᠪᠡᠨ ᠢᠯᠡᠭᠡᠪᠡ᠃
   ᠲᠤᠩ ᠤᠳᠠᠯ ᠦᠭᠡᠢ ᠰᠤᠷᠬᠠᠭᠲᠠᠨᠢ ᠬᠠᠲᠤᠨ ᠢ᠋ ᠬᠦᠯᠢᠶᠡᠨ ᠠᠪᠬᠤ ᠶ᠋ᠢ ᠬᠠᠭᠠᠨ ᠡᠵᠡᠨ ᠵᠥᠪᠰᠢᠶᠡᠷᠡᠭᠰᠡᠨ ᠪᠣᠯᠬᠤ ᠶ᠋ᠢ ᠮᠡᠳᠡᠭᠳᠡᠭᠰᠡᠨ ᠦ᠌ ᠳᠠᠭᠠᠤ ᠬᠠᠲᠤᠨ ᠭᠦᠶᠦᠭ ᠬᠠᠭᠠᠨ ᠤ᠋ ᠦᠷᠭᠦᠭᠡᠨ ᠳ᠋ᠦ᠍ ᠳᠠᠬᠢᠨ ᠪᠠᠷᠠᠯᠬᠠᠯ᠎ᠠ᠃
   — ᠰᠤᠷᠬᠠᠭᠲᠠᠨᠢ ᠬᠠᠲᠤᠨᠲᠠᠨ ᠳᠡᠭᠡᠭᠰᠢ ᠰᠠᠭᠤᠭᠲᠤᠨ ᠭᠡᠮᠡᠨ ᠶᠡᠬᠡ ᠯᠡ ᠨᠠᠢᠷᠰᠠᠭ ᠢ᠋ᠶ᠋ᠠᠷ ᠬᠡᠯᠡᠵᠦ ᠪᠣᠢ ᠴᠤ ᠬᠠᠭᠠᠨ ᠡᠵᠡᠨ ᠦ᠌ ᠪᠠᠢᠷᠢ ᠪᠠᠢᠳᠠᠯ ᠢ᠋ ᠬᠠᠷᠠᠪᠠᠯ ᠲᠡᠢᠮᠦ ᠰᠠᠢᠨ ᠦᠭᠡᠢ ᠬᠠᠷᠠᠭᠳᠠᠨ᠎ᠠ᠃ ᠰᠣᠷᠬᠠᠭᠲᠠᠨᠢ ᠬᠠᠲᠤᠨ᠄
   — ᠬᠠᠭᠠᠨ ᠡᠵᠡᠨ ᠠᠮᠤᠭᠤᠯᠠᠩ ᠰᠠᠭᠤᠵᠤ ᠪᠠᠢᠪᠠ ᠤᠤ᠂ ᠠᠭᠤᠯᠵᠠᠯ ᠦᠭᠡᠢ ᠤᠳᠠᠭᠰᠠᠨ ᠪᠠᠢᠨ᠎ᠠ ᠭᠡᠮᠡᠨ ᠠᠮᠤᠷ ᠮᠡᠨᠳᠦ ᠪᠡᠨ ᠮᠡᠳᠡᠪᠡ᠃
   — ᠠᠮᠤᠭᠤᠯᠠᠩ ᠰᠠᠭᠤᠵᠤ ᠪᠠᠢᠯ᠎ᠠ᠃ ᠬᠠᠲᠤᠨᠲᠠᠨ ᠠᠭᠤᠯᠵᠠᠬᠤ ᠪᠦᠷᠢ ᠳ᠋ᠡᠭᠡᠨ ᠶᠠᠮᠠᠷ ᠨᠢᠭᠡᠨ ᠰᠠᠨᠠᠭ᠎ᠠ ᠶ᠋ᠢ ᠬᠡᠯᠡᠵᠦ ᠪᠠᠢᠳᠠᠭ ᠬᠥᠮᠦᠨ ᠲᠤᠯᠠ ᠲᠠᠨ ᠤ᠋ ᠡᠵᠡᠭᠦᠢ ᠬᠣᠢᠭᠤᠷ ᠬᠠᠭᠠᠨ ᠲᠥᠷᠥ ᠳ᠋ᠦ᠍ ᠴᠤ ᠲᠡᠷᠡ ᠵᠥᠪᠯᠡᠨ ᠶᠠᠷᠢᠬᠤ ᠬᠥᠮᠦᠨ ᠦᠭᠡᠢᠯᠡᠭᠳᠡᠬᠦ ᠦᠶ᠎ᠡ ᠳ᠋ᠦ᠍ ᠥᠪᠡᠷ ᠦ᠋ᠨ ᠡᠷᠬᠡ ᠦᠭᠡᠢ ᠲᠠᠨ ᠢ᠋ ᠰᠠᠨᠠᠬᠤ ᠶᠤᠮ ᠬᠡᠮᠡᠪᠡ᠃
   ᠡᠨᠡ ᠦᠭᠡ ᠶ᠋ᠢ ᠦᠨᠡᠨ ᠳ᠋ᠡᠭᠡᠨ ᠬᠥᠶᠦᠭ ᠬᠠᠭᠠᠨ ᠴᠢᠩ ᠰᠡᠳᠬᠢᠯ ᠡᠴᠡ ᠪᠡᠨ ᠬᠡᠯᠡᠭᠰᠡᠨ ᠡᠰᠡᠬᠦ ᠨᠢ ᠡᠷᠡᠭᠡᠯᠵᠡᠭᠡ ᠲᠡᠢ᠃《ᠬᠠᠲᠤᠨ ᠬᠥᠮᠦᠨ ᠦ᠌ ᠰᠠᠨᠠᠭ᠎ᠠ ᠪᠣᠳᠣᠯ ᠢ᠋ ᠠᠪᠬᠤ ᠬᠦᠰᠡᠯ ᠲᠥᠷᠥᠳᠡᠭ ᠪᠣᠯ ᠥᠪᠡᠷ ᠦ᠋ᠨ ᠡᠬᠡ ᠳᠦᠷᠭᠡᠨ᠎ᠡ ᠬᠠᠲᠤᠨ ᠤ᠋ ᠦᠭᠡ ᠶ᠋ᠢ ᠠᠪᠤᠯ ᠦᠭᠡᠢ ᠪᠡᠷ ᠲᠡᠢᠮᠦ ᠭᠤᠨᠢᠭᠲᠤ ᠪᠠᠢᠳᠠᠯ ᠳ᠋ᠤ᠌ ᠣᠷᠣᠭᠤᠯᠤᠨ ᠡᠴᠦᠰ ᠦ᠋ᠨ ᠮᠥᠴᠡ ᠬᠦᠷᠲᠡᠯ᠎ᠡ ᠭᠠᠭᠴᠠᠭᠠᠷᠳᠠᠭᠤᠯᠬᠤ ᠶ᠋ᠢᠨ ᠬᠡᠷᠡᠭ ᠶᠠᠭᠤ ᠰᠠᠨ ᠪᠢᠯᠡ》 ᠭᠡᠰᠡᠨ ᠪᠣᠳᠣᠯ ᠣᠷᠣᠵᠤ ᠢᠷᠡᠯ᠎ᠡ᠃ ᠭᠡᠪᠡᠴᠦ ᠬᠠᠭᠠᠨ ᠡᠵᠡᠨ ᠦ᠌ ᠥᠭᠡᠳᠡ ᠡᠴᠡ ᠡᠢᠮᠦ ᠦᠭᠡ ᠶ᠋ᠢ ᠡᠨᠡ ᠴᠠᠭ ᠳᠤ ᠵᠢᠷᠦᠬᠡ ᠭᠠᠷᠭᠠᠨ ᠬᠡᠯᠡᠬᠦ ᠶ᠋ᠢᠨ ᠬᠡᠷᠡᠭ ᠶᠠᠭᠤ ᠪᠢᠯᠡ᠃
    — ᠬᠠᠲᠤᠨ ᠮᠢᠨᠦ ᠤᠬᠠᠭᠠᠨ ᠭᠡᠵᠦ ᠶᠠᠭᠤ ᠰᠠᠨ ᠪᠢᠯᠡ᠃ ᠡᠯᠳᠡᠪ ᠶᠠᠭᠤᠮ᠎ᠠ ᠶᠠᠷᠢᠵᠤ᠂ ᠡᠵᠡᠨ ᠬᠠᠭᠠᠨ ᠳ᠋ᠤ᠌ ᠶᠠᠷᠰᠢᠭ ᠲᠦᠪᠡᠭ ᠤᠲᠤᠬᠤ ᠦᠭᠡᠢ ᠪᠠᠢᠬᠤ ᠨᠢ ᠨᠠᠰᠤ ᠠᠬᠢᠵᠤ ᠶᠠᠪᠤᠭ᠎ᠠ ᠬᠥᠮᠦᠨ ᠦ᠌ ᠬᠤᠪᠢ ᠳ᠋ᠤ᠌ ᠵᠥᠪ ᠰᠢᠢᠳᠪᠦᠷᠢ ᠭᠡᠵᠦ ᠲᠤᠩᠭᠠᠬᠤ ᠪᠣᠯᠤᠯ᠎ᠠ᠃ ᠭᠡᠪᠡᠴᠦ ᠬᠠᠭᠠᠨ ᠡᠵᠡᠨ ᠦ᠌ ᠨᠢᠭᠡᠨᠲᠡ ᠪᠠᠭᠤᠯᠭᠠᠭᠰᠠᠨ ᠵᠠᠷᠯᠢᠭ ᠠᠢᠯᠠᠳᠪᠤᠷᠢ ᠶ᠋ᠢᠨ ᠳᠠᠭᠠᠤ ᠪᠠᠷᠠᠯᠬᠠᠬᠤ ᠬᠦᠰᠡᠯᠲᠡ ᠪᠡᠨ ᠢᠯᠡᠷᠬᠡᠢᠯᠡᠭᠰᠡᠨ ᠶᠤᠮ᠃ ᠮᠢᠨᠦ ᠡᠷ᠎ᠡ ᠨᠥᠬᠥᠷ ᠲᠤᠯᠤᠢ ᠨᠣᠶᠠᠨ ᠤ᠋ ᠡᠵᠡᠮᠰᠢᠯ᠂ ᠣᠳᠣ ᠦᠷ᠎ᠡ ᠬᠡᠦᠬᠡᠳ ᠦ᠋ᠳ ᠦ᠋ᠨ ᠮᠢᠨᠢ ᠵᠠᠰᠠᠨ ᠰᠠᠭᠤᠭ᠎ᠠ ᠭᠠᠵᠠᠷ ᠨᠤᠲᠤᠭ ᠢ᠋ ᠰᠢᠯᠭᠠᠨ᠂ ᠲᠡᠳᠡᠨ ᠳ᠋ᠦ᠍ ᠨᠣᠭᠳᠠᠬᠤ ᠶᠡᠬᠡ ᠴᠡᠷᠢᠭ ᠢ᠋ ᠬᠣᠷᠢᠶᠠᠨ ᠠᠪᠴᠤ ᠪᠣᠢ ᠶ᠋ᠢᠨ ᠤᠴᠢᠷ ᠢ᠋ ᠠᠰᠠᠭᠤᠶ᠎ᠠ ᠭᠡᠪᠡ᠃
   ᠭᠦᠶᠦᠭ ᠬᠠᠭᠠᠨ ᠡᠨᠡ ᠡᠷᠡᠰᠬᠡᠨ ᠦᠭᠡᠨ ᠳ᠋ᠦ᠍ ᠴᠢᠬᠤᠯᠳᠠᠭᠰᠠᠨ ᠪᠣᠯᠪᠠᠴᠤ᠂
    — ᠬᠠᠭᠠᠨ ᠤ᠋ ᠵᠦᠭ ᠡᠴᠡ ᠬᠠᠷᠢᠶ᠎ᠠ ᠪᠦᠬᠦ ᠭᠠᠵᠠᠷ ᠣᠷᠣᠨ ᠳ᠋ᠤ᠌ ᠰᠢᠯᠭᠠᠯᠲᠠ ᠶᠠᠪᠤᠭᠤᠯᠵᠤ᠂ ᠬᠥᠮᠦᠨ ᠠᠮᠠ ᠶ᠋ᠢᠨ ᠲᠣᠭᠠᠯᠠᠯᠭ᠎ᠠ ᠬᠦᠷᠲᠡᠯ᠎ᠡ ᠬᠢᠭᠰᠡᠨ᠃ ᠬᠠᠭᠠᠨ ᠤ᠋ ᠶᠡᠬᠡ ᠴᠡᠷᠢᠭ ᠲᠦ᠍ ᠬᠥᠮᠦᠨ ᠬᠦᠴᠦ ᠳᠤᠲᠠᠮᠠᠭ ᠪᠠᠢᠭ᠎ᠠ ᠤᠴᠢᠷ ᠲᠠᠨ ᠤ᠋ ᠬᠡᠦᠬᠡᠳ ᠦ᠋ᠳ ᠦ᠋ᠨ ᠴᠡᠷᠢᠭ ᠢ᠋ ᠠᠪᠤᠯ᠎ᠠ ᠭᠡᠪᠡ᠃
    — ᠬᠠᠭᠠᠨ ᠡᠵᠡᠨ ᠶᠠᠭᠤ ᠶ᠋ᠢ ᠬᠢᠬᠦ ᠪᠡᠨ ᠥᠪᠡᠷ ᠢ᠋ᠶ᠋ᠡᠨ ᠮᠡᠳᠡᠬᠦ ᠬᠡᠳᠦᠢ ᠴᠦ᠍ ᠲᠡᠷᠲᠡᠭᠡ ᠳ᠋ᠦ᠍ ᠦᠯᠡᠳᠡᠭᠰᠡᠨ ᠠᠮᠢᠳᠤᠷᠠᠯ᠂ ᠲᠩᠷᠢ ᠪᠣᠯᠤᠭᠰᠠᠨ ᠡᠪᠦᠭᠡ ᠳᠡᠭᠡᠳᠦᠰ ᠢ᠋ᠶ᠋ᠡᠨ ᠪᠣᠳᠣᠨ᠂ ᠨᠠᠰᠤ ᠥᠨᠳᠥᠷ ᠬᠠᠲᠤᠨ ᠨᠠᠮᠠᠶ᠋ᠢ ᠬᠦᠨᠳᠦᠳᠬᠡᠨ᠂ ᠡᠬᠢᠯᠡᠵᠦ ᠳᠣᠭᠣᠯᠭᠠᠬᠤ ᠦᠭᠡᠢ ᠶᠠᠭᠠᠬᠢᠪᠠ ᠭᠡᠬᠦ ᠳ᠋ᠦ᠍᠂
   ᠭᠦᠶᠦᠭ ᠬᠠᠭᠠᠨ᠄
   — ᠬᠠᠭᠠᠨ ᠡᠵᠡᠨ ᠨᠠᠳᠠ ᠳ᠋ᠤ᠌ ᠵᠥᠪᠰᠢᠶᠡᠷᠡᠯ ᠬᠦᠰᠡᠬᠦ ᠰᠢᠯᠲᠠᠭᠠᠨ ᠪᠣᠢ ᠪᠢᠯᠡ ᠤᠤ ᠭᠡᠮᠡᠨ ᠠᠰᠠᠭᠤᠯ᠎ᠠ᠃ ᠵᠥᠪᠯᠡᠨ ᠬᠡᠯᠡᠯᠴᠡᠬᠦ ᠡᠷᠬᠢᠮ ᠤᠬᠠᠭᠠᠨ ᠬᠠᠭᠠᠨ ᠬᠥᠮᠦᠨ ᠳ᠋ᠦ᠍ ᠴᠦ᠍ ᠬᠡᠷᠡᠭ ᠲᠡᠢ ᠪᠠᠢᠳᠠᠭ ᠢ᠋ ᠥᠪᠡᠷ ᠦ᠋ᠨ ᠪᠡᠶ᠎ᠡ ᠪᠡᠷ ᠦᠵᠡᠭᠦᠯᠦᠭᠡᠳ ᠪᠤᠴᠠᠭᠰᠠᠨ ᠡᠴᠢᠭᠡ ᠬᠠᠭᠠᠳ ᠤ᠋ᠨ ᠮᠡᠷᠭᠡᠨ ᠣᠶᠤᠨ ᠲᠡᠭᠦᠨ ᠳ᠋ᠦ᠍ ᠦᠭᠡᠢ ᠪᠣᠯᠤᠯᠲᠠᠢ᠃ ᠥᠪᠡᠷ ᠢ᠋ ᠪᠡᠨ ᠭᠠᠭᠴᠠᠭᠠᠷ ᠪᠦᠭᠦᠳᠡ ᠶ᠋ᠢᠨ ᠬᠠᠭᠠᠨ ᠭᠡᠮᠡᠨ ᠦᠵᠡᠭᠰᠡᠨ ᠨᠢ ᠢᠯᠡᠳᠲᠡ ᠬᠠᠷᠠᠭᠳᠠᠪᠠ᠃ ᠰᠣᠷᠬᠠᠭᠲᠠᠨᠢ ᠬᠠᠲᠤᠨ᠄
   — ᠬᠥᠮᠦᠨ ᠬᠥᠮᠦᠨ ᠰᠢᠭ ᠯᠡ ᠪᠠᠢᠬᠤ ᠬᠡᠷᠡᠭᠲᠡᠢ᠃ ᠬᠡᠷᠪᠡ ᠨᠣᠬᠠᠢ ᠰᠢᠭ᠋ ᠪᠠᠢᠬᠤ ᠠᠪᠠᠰᠤ ᠵᠠᠷᠢᠮ ᠬᠥᠮᠦᠰ ᠴᠢᠮᠠᠶ᠋ᠢ ᠭᠠᠷᠰᠢᠭᠤᠯᠤᠨ ᠲᠡᠵᠢᠭᠡᠬᠦ ᠪᠣᠯᠤᠨ᠎ᠠ ᠭᠡᠵᠦ ᠬᠡᠯᠡᠭᠡᠳ ᠭᠦᠶᠦᠭ ᠦ᠋ᠨ ᠦᠷᠭᠦᠭᠡᠨ ᠡᠴᠡ ᠭᠠᠷᠪᠠ᠃ ᠬᠠᠭᠠᠨ ᠡᠵᠡᠨ ᠰᠤᠷᠬᠠᠭᠲᠠᠨᠢ ᠬᠠᠲᠤᠨ ᠤ᠋ ᠬᠡᠯᠡᠭᠰᠡᠨ ᠦᠭᠡᠨ ᠳ᠋ᠦ᠍ ᠪᠠᠴᠢᠭᠤᠷᠠᠨ ᠦᠯᠡᠲᠡᠯ᠎ᠡ᠃ ᠠᠷᠤ ᠡᠴᠡ ᠨᠢ ᠳᠠᠭᠤᠳᠠᠬᠤ ᠭᠡᠰᠡᠨ ᠢ᠋ᠶ᠋ᠡᠨ ᠪᠣᠯᠢᠯ᠎ᠠ᠃ ᠶᠠᠭᠠᠬᠢᠯᠲᠠᠢ ᠪᠢᠯᠡ᠃ ᠴᠠᠭ ᠢ᠋ ᠡᠵᠡᠯᠡᠭᠰᠡᠨ ᠶᠡᠬᠡ ᠬᠠᠭᠠᠨ ᠤ᠋ ᠥᠭᠡᠳᠡ ᠡᠴᠡ ᠡᠢᠮᠦ  ᠦᠭᠡ ᠬᠡᠯᠡᠬᠦ ᠵᠢᠷᠦᠬᠡᠲᠡᠨ ᠮᠣᠩᠭᠣᠯ ᠤ᠋ᠨ ᠲᠠᠯ᠎ᠠ ᠳ᠋ᠤ᠌ ᠥᠨᠥᠬᠡᠨ ᠳ᠋ᠡᠭᠡᠨ ᠦᠭᠡᠢ ᠴᠤ ᠰᠤᠷᠬᠠᠭᠲᠠᠨᠢ ᠬᠠᠭᠠᠨ ᠤ᠋ ᠬᠣᠷᠣ ᠰᠢᠷ᠎ᠠ ᠶ᠋ᠢ ᠮᠠᠯᠲᠠᠭᠠᠳ ᠭᠠᠷᠤᠯ᠎ᠠ᠃ ᠮᠠᠯᠲᠠᠬᠤ ᠮᠠᠯᠲᠠᠬᠤ ᠳ᠋ᠠᠭᠠᠨ ᠡᠬᠡ ᠶ᠋ᠢᠨ ᠬᠢᠨᠢ ᠠᠯᠳᠠᠭ᠎ᠠ ᠶ᠋ᠢ ᠥᠪᠡᠷ ᠲᠤᠨᠢ ᠰᠠᠨᠠᠭᠤᠯᠤᠨ ᠬᠡᠯᠡᠵᠡᠢ ᠰᠢᠦ᠃ ᠭᠦᠶᠦᠭ ᠪᠠᠬᠢᠮᠳᠠᠬᠤ ᠳ᠋ᠠᠭᠠᠨ ᠦᠷᠭᠦᠭᠡᠨ ᠳ᠋ᠡᠭᠡᠨ ᠴᠢᠩᠭ᠎ᠠ ᠬᠠᠰᠬᠢᠷᠪᠠ᠃ ᠭᠠᠳᠠᠨ᠎ᠠ ᠡᠴᠡ ᠬᠡᠪᠲᠡᠭᠦᠯ ᠦ᠋ᠳ ᠰᠠᠨᠳᠤᠷᠤᠯᠳᠤᠨ ᠣᠷᠣᠵᠤ ᠢᠷᠡᠵᠦ ᠶᠠᠭᠤ ᠪᠣᠯᠤᠭᠰᠠᠨ ᠢ᠋ ᠠᠰᠠᠭᠤᠬᠤ ᠳ᠋ᠤ᠌ ᠬᠡᠢ ᠳᠡᠮᠡᠢ ᠲᠣᠯᠣᠭᠠᠢ ᠪᠠᠨ ᠰᠡᠭᠰᠦᠷᠦᠨ ᠪᠠᠴᠢᠭᠤᠷᠠᠬᠤ ᠳ᠋ᠠᠭᠠᠨ《ᠭᠠᠷᠴᠠᠭ᠎ᠠ 》 ᠭᠡᠵᠦ ᠴᠢᠩᠭ᠎ᠠ ᠪᠠᠷ ᠬᠡᠯᠡᠪᠡ᠃
   ᠅
   ᠬᠢᠴᠢᠶᠡᠩᠭᠦᠢᠯᠡᠨ ᠪᠢᠴᠢᠵᠦ᠂ ᠬᠡᠳᠦᠨᠲᠡ ᠨᠤᠭᠤᠯᠤᠭᠰᠠᠨ ᠵᠠᠬᠢᠳᠠᠯ ᠢ᠋ ᠰᠤᠷᠬᠠᠭᠲᠠᠨᠢ ᠬᠠᠲᠤᠨ ᠤ᠋ ᠭᠠᠷ ᠡᠴᠡ ᠬᠣᠶᠠᠷ ᠭᠠᠷᠳᠠᠨ ᠠᠪᠤᠭᠠᠳ ᠬᠦᠵᠦᠭᠦᠨ ᠳ᠋ᠡᠬᠢ ᠮᠦᠬᠠᠮᠸᠳ᠋ ᠤ᠋ᠨ ᠬᠥᠷᠥᠭ ᠪᠦᠬᠦᠢ ᠪᠤᠷᠬᠠᠨ ᠤ᠋ ᠵᠢᠷᠤᠭ ᠲᠠᠢ ᠵᠢᠵᠢᠭᠬᠡᠨ ᠵᠡᠭᠦᠯᠳᠡᠨ ᠦ᠌ ᠴᠠᠭᠠᠭᠤᠷ ᠨᠢᠮᠪᠠᠢᠯᠠᠨ ᠬᠢᠵᠦ ᠪᠠᠢᠭ᠎ᠠ ᠬᠥᠮᠦᠨ ᠪᠣᠯ ᠬᠤᠳᠠᠯᠳᠤᠭᠠᠴᠢᠨ ᠢᠨᠢᠯᠢ ᠪᠠᠢᠪᠠ᠃ ᠲᠡᠷᠡ ᠨᠢᠭᠡᠨᠲᠡ ᠠᠪᠲᠤᠯ ᠷᠠᠬᠠᠮᠠᠨ ᠢ᠋ ᠳᠠᠭᠠᠨ ᠠᠮᠢᠳᠤᠷᠠᠯ ᠬᠥᠭᠡᠭᠡᠵᠦ ᠲᠠᠯ᠎ᠠ ᠨᠤᠲᠤᠭ ᠲᠤ᠌ ᠢᠷᠡᠨ᠂ ᠳᠠᠷᠠᠭᠠᠬᠠᠨ ᠰᠤᠷᠬᠠᠭᠲᠠᠨᠢ ᠬᠠᠲᠤᠨ ᠤ᠋ ᠢᠪᠡᠭᠡᠯ ᠳ᠋ᠦ᠍ ᠪᠠᠭᠲᠠᠨ ᠭᠤᠷᠪᠠᠨ ᠭᠣᠣᠯ ᠤ᠋ᠨ ᠬᠥᠨᠳᠡᠢ ᠳ᠋ᠦ᠍ ᠠᠮᠢᠳᠤᠷᠠᠬᠤ ᠮᠣᠩᠭᠣᠯᠴᠤᠳ ᠲᠤ᠌ ᠠᠷᠠᠯᠵᠢᠶ᠎ᠠ ᠮᠠᠢᠮᠠᠢ ᠶ᠋ᠢᠨ ᠤᠬᠠᠭᠠᠨ ᠢ᠋ ᠵᠢᠭᠠᠨ ᠰᠤᠷᠭᠠᠵᠤ᠂ ᠠᠮᠢᠳᠤᠷᠠᠯ ᠠᠬᠤᠢ ᠶ᠋ᠢ ᠨᠢ ᠳᠡᠭᠡᠭᠰᠢᠯᠡᠭᠦᠯᠵᠦ ᠪᠠᠢᠭᠰᠠᠨ ᠬᠥᠮᠦᠨ ᠪᠢᠯᠡ᠃ ᠥᠨᠥ ᠬᠠᠷᠠᠬᠤ ᠳ᠋ᠤ᠌ ᠢᠨᠢᠯᠢ ᠨᠡᠯᠢᠶᠡᠳ ᠥᠭᠡᠷᠡᠴᠢᠯᠡᠭᠳᠡᠵᠡᠢ᠃ ᠰᠤᠷᠬᠠᠭᠲᠠᠨᠢ ᠬᠠᠲᠤᠨ ᠲᠠᠢ ᠠᠩᠬ᠎ᠠ ᠠᠭᠤᠯᠵᠠᠵᠤ ᠪᠠᠢᠭᠰᠠᠨ ᠭᠡᠨᠡᠨ ᠴᠠᠢᠯᠭᠠᠨ ᠵᠠᠯᠠᠭᠤ ᠪᠢᠰᠢ᠂ ᠤᠬᠠᠭᠠᠨ ᠪᠣᠳᠣᠯ ᠲᠡᠭᠰᠢᠷᠡᠭᠰᠡᠨ ᠢᠳᠡ ᠨᠠᠰᠤᠨ ᠳ᠋ᠠᠭᠠᠨ ᠶᠠᠪᠤᠭ᠎ᠠ ᠬᠥᠮᠦᠨ ᠪᠣᠯᠵᠠᠢ᠃ ᠢᠨᠢᠯᠢ ᠶ᠋ᠢ ᠵᠠᠬᠢᠳᠠᠯ ᠠᠪᠴᠤ ᠴᠠᠭᠠᠰᠢ ᠬᠢᠭᠰᠡᠨ ᠦ᠌  ᠰᠤᠷᠬᠠᠭᠲᠠᠨᠢ ᠬᠠᠲᠤᠨ᠄
   — ᠡᠨᠡ ᠶᠡᠬᠡ ᠴᠢᠬᠤᠯᠠ ᠵᠠᠬᠢᠳᠠᠯ ᠲᠤᠯᠠ ᠵᠠᠪᠠᠯ ᠥᠪᠡᠷ ᠦ᠋ᠨ ᠭᠠᠷ ᠲᠤᠨᠢ ᠳᠠᠮᠵᠢᠭᠤᠯᠤᠨ ᠥᠭᠭᠦᠭᠡᠷᠡᠢ ᠭᠡᠬᠦ ᠳ᠋ᠦ᠍᠂
   — ᠮᠡᠳᠡᠯ᠎ᠡ ᠬᠠᠲᠤᠨᠲᠠᠨ ᠮᠢᠨᠢ᠃ ᠲᠠ ᠨᠠᠳᠠ ᠳ᠋ᠤ᠌ ᠢᠲᠡᠭᠡᠵᠦ ᠪᠣᠯᠤᠨ᠎ᠠ᠃ ᠬᠠᠲᠤᠨ ᠲᠠᠨ ᠤ᠋ ᠠᠴᠢ ᠪᠤᠶᠠᠨ ᠢ᠋ ᠬᠠᠷᠢᠭᠤᠯᠠᠬᠤ ᠬᠦᠰᠡᠯ ᠰᠡᠳᠬᠢᠯ ᠳᠣᠲᠣᠷ᠎ᠠ ᠮᠢᠨᠢ ᠦᠷᠭᠦᠯᠵᠢ ᠪᠠᠢᠳᠠᠭ᠃ ᠠᠪᠲᠤᠯ ᠷᠠᠬᠠᠮᠠᠨ ᠤ᠋ ᠠᠳᠠᠯᠢ ᠳᠡᠭᠦᠵᠢᠯᠡᠭᠦᠯᠦᠨ ᠦᠬᠦᠬᠦ ᠬᠤᠪᠢ ᠲᠠᠪᠢᠯᠠᠩ ᠡᠴᠡ ᠬᠡᠯᠲᠦᠷᠢᠭᠦᠯᠦᠨ ᠥᠭᠴᠦ ᠡᠨᠡ ᠬᠣᠷᠸ᠎ᠠ ᠶ᠋ᠢᠨ ᠦᠨᠡᠨ ᠢ ᠲᠠᠨᠢᠭᠤᠯᠤᠨ᠂ ᠤᠤᠭᠤᠬᠤ ᠤᠰᠤᠨ ᠤ᠋ ᠮᠢᠨᠢ ᠬᠡᠮᠵᠢᠶ᠎ᠡ ᠶ᠋ᠢ ᠨᠡᠮᠡᠵᠦ ᠥᠭᠭᠦᠭᠰᠡᠨ ᠲᠠᠨ ᠤ᠋ ᠲᠥᠯᠥᠭᠡ ᠠᠮᠢ ᠪᠠᠨ ᠡᠷᠭᠦᠬᠦ ᠳ᠋ᠦ᠍ ᠴᠦ᠍ ᠪᠡᠯᠡᠨ ᠭᠡᠵᠦ ᠬᠡᠯᠡᠪᠡ᠃
   ᠮᠠᠭᠠᠳ ᠦᠭᠡᠢ ᠲᠡᠷᠡ ᠠᠪᠲᠤᠯ ᠷᠠᠬᠠᠮᠠᠨ ᠢ ᠳᠠᠭᠠᠨ ᠳᠦᠷᠭᠡᠨ᠎ᠡ ᠬᠠᠲᠤᠨ ᠤ᠋ ᠢᠪᠡᠭᠡᠯ ᠳ᠋ᠦ᠍ ᠣᠷᠣᠨ ᠳᠤᠷ᠎ᠠ ᠪᠠᠷ ᠠᠪᠤᠷᠢᠯᠠᠵᠤ ᠪᠠᠢᠭᠰᠠᠨ ᠪᠣᠯ ᠡᠳᠦᠢ ᠳ᠋ᠦ᠍ ᠲᠡᠭᠦᠨ ᠦ᠌ ᠲᠣᠯᠣᠭᠠᠢ ᠬᠠᠷᠠᠬᠣᠷᠣᠮ ᠤ᠋ᠨ ᠬᠠᠭᠠᠯᠭᠠᠨ ᠳᠡᠭᠡᠷ᠎ᠡ ᠱᠣᠩ ᠳ᠋ᠤ᠌ ᠳᠡᠭᠦᠵᠢᠯᠡᠭᠳᠡᠨ ᠦᠮᠡᠬᠡᠢᠷᠡᠭᠰᠡᠨ ᠪᠠᠢᠬᠤ ᠪᠢᠵᠡ᠃ ᠰᠤᠷᠬᠠᠭᠲᠠᠨᠢ ᠬᠠᠲᠤᠨ᠄
   — ᠬᠠᠮᠲᠤ ᠶᠠᠪᠤᠬᠤ ᠬᠥᠮᠦᠰ ᠠᠴᠢᠶ᠎ᠠ ᠪᠠᠷᠠᠭ᠎ᠠ ᠪᠠᠨ ᠴᠡᠭᠴᠡᠯᠡᠭᠡᠳ ᠬᠤᠷᠳᠤᠬᠠᠨ ᠵᠠᠮ ᠳ᠋ᠠᠭᠠᠨ ᠭᠠᠷ ᠬᠡᠮᠡᠪᠡ᠃ ᠬᠠᠲᠤᠨ ᠢ ᠢᠩᠭᠢᠵᠦ ᠬᠡᠯᠡᠭᠰᠡᠨ ᠦ᠌ ᠳᠠᠷᠠᠭ᠎ᠠ ᠢᠨᠢᠯᠢ ᠥᠪᠡᠷ ᠦ᠋ᠨ ᠬᠥᠮᠦᠰ ᠦ᠋ᠨ ᠬᠠᠮᠲᠤ ᠵᠠᠬᠢᠳᠠᠯ ᠢ ᠠᠪᠴᠤ ᠵᠠᠮ ᠳ᠋ᠠᠭᠠᠨ ᠭᠠᠷᠤᠯ᠎ᠠ᠃
   ᠵᠢᠯ ᠪᠦᠷᠢ ᠠᠢᠯᠴᠢᠯᠠᠨ ᠢᠷᠡᠳᠡᠭ ᠤᠷᠲᠤ ᠰᠢᠷ᠎ᠠ ᠬᠥᠮᠦᠨ ᠲᠠᠯ᠎ᠠ ᠨᠤᠲᠤᠭ ᠲᠤ᠌ ᠬᠣᠷᠮᠣᠢ ᠪᠠᠨ ᠳᠡᠪᠢᠰᠦᠨ ᠰᠠᠭᠤᠵᠤ᠂ ᠠᠢᠯ ᠠᠮᠢᠲᠠᠨ ᠤ᠋ ᠢᠳᠡᠬᠦ ᠬᠣᠭᠣᠯᠠ ᠬᠦᠨᠡᠰᠦ ᠶ᠋ᠢ ᠬᠣᠷᠮᠣᠢᠯᠠᠨ ᠰᠢᠪᠬᠠᠵᠤ ᠪᠠᠢᠬᠤ ᠰᠢᠭ᠋ ᠤᠷᠲᠤ ᠡᠴᠡ ᠤᠷᠲᠤ ᠬᠠᠪᠤᠷ ᠤ᠋ᠨ ᠬᠣᠮᠰᠠᠬᠠᠨ ᠡᠳᠦᠷ ᠦ᠋ᠳ ᠦ᠋ᠨ ᠳᠤᠮᠳᠠᠭᠤᠷ ᠬᠥᠶᠦᠭ ᠬᠠᠭᠠᠨ ᠡᠮᠢᠯ ᠢ᠋ ᠵᠣᠷᠢᠨ ᠶᠡᠬᠡ ᠴᠡᠷᠢᠭ ᠢ ᠬᠥᠳᠡᠯᠭᠡᠵᠦ᠂ ᠲᠠᠯ᠎ᠠ ᠨᠤᠲᠤᠭ ᠢ᠋ᠶ᠋ᠠᠨ ᠣᠷᠬᠢᠨ ᠶᠠᠪᠤᠯ᠎ᠠ᠃ ᠬᠠᠭᠠᠨ ᠡᠵᠡᠨ ᠲᠡᠢ ᠬᠠᠮᠲᠤ ᠬᠠᠲᠤᠨ ᠤᠭᠤᠯ ᠬᠠᠢᠮᠢᠱ ᠪᠣᠯᠤᠨ ᠣᠷᠳᠣᠨ ᠤ᠋ ᠵᠠᠷᠢᠮ ᠶᠡᠬᠡᠰ ᠳᠡᠭᠡᠳᠦᠰ ᠵᠠᠮ ᠳ᠋ᠤ᠌ ᠭᠠᠷᠴᠠᠢ᠃
<>
   《ᠬᠠᠭᠠᠨ ᠡᠵᠡᠨ ᠶᠡᠬᠡ ᠴᠡᠷᠢᠭ ᠢ ᠮᠢᠨᠢ ᠬᠣᠷᠢᠶᠠᠨ ᠠᠪᠴᠤ᠂ ᠭᠠᠵᠠᠷ ᠨᠤᠲᠤᠭ ᠢ ᠮᠢᠨᠢ ᠰᠢᠯᠭᠠᠵᠤ ᠪᠠᠢᠭ᠎ᠠ ᠨᠢ ᠦᠯᠦ ᠢᠲᠡᠭᠡᠯ ᠦ᠋ᠨ ᠰᠢᠨᠵᠢ ᠠᠭᠤᠯᠵᠤ ᠪᠠᠢᠭ᠎ᠠ ᠬᠡᠷᠡᠭ᠂ ᠡᠬᠡ ᠶ᠋ᠢᠨ ᠦᠭᠡᠨ ᠳ᠋ᠦ᠍ ᠣᠷᠣᠵᠤ ᠡᠨᠡ ᠤᠳᠠᠭ᠎ᠠ ᠳ᠋ᠤ᠌ ᠡᠮᠢᠯ ᠦ᠋ᠨ ᠵᠦᠭ ᠬᠥᠳᠡᠯᠦᠯ ᠦᠭᠡᠢ ᠦᠯᠡᠳᠡᠭᠰᠡᠨ ᠨᠢ ᠵᠥᠪ ᠪᠠᠢᠪᠠ ᠤᠤ 》 ᠭᠡᠮᠡᠨ ᠣᠷᠬᠣᠨ ᠭᠣᠣᠯ ᠤ᠋ᠨ ᠡᠷᠭᠢ ᠳᠡᠭᠡᠷᠡᠬᠢ ᠤᠷᠲᠤ ᠦᠷᠭᠦᠭᠡᠨ ᠳ᠋ᠡᠭᠡᠨ ᠪᠣᠳᠣᠯᠭᠠᠰᠢᠷᠠᠨ ᠰᠠᠭᠤᠭᠰᠠᠨ ᠮᠥᠩᠬᠡ ᠶ᠋ᠢᠨ ᠦᠷᠭᠦᠭᠡᠨ ᠳ᠋ᠦ᠍ ᠰᠤᠷᠬᠠᠭᠲᠠᠨᠢ ᠬᠠᠲᠤᠨ ᠵᠠᠯᠠᠷᠠᠯ᠎ᠠ᠃ ᠥᠪᠡᠷ ᠡᠴᠡ ᠨᠢ ᠢᠯᠡᠭᠦᠦ ᠲᠠᠪᠠ ᠦᠭᠡᠢ ᠡᠬᠡ ᠶ᠋ᠢ ᠪᠡᠨ ᠠᠩᠵᠠᠭᠠᠷᠠᠭᠰᠠᠨ ᠮᠥᠩᠬᠡ᠄
   — ᠬᠠᠲᠤᠨ ᠡᠬᠡ ᠮᠢᠨᠢ ᠪᠡᠶ᠎ᠡ ᠴᠢᠨᠢ ᠴᠢᠯᠡᠭᠡ ᠤᠤ᠂ ᠶᠠᠭᠤᠨ ᠳ᠋ᠤ᠌ ᠢᠩᠭᠢᠲᠡᠯ᠎ᠡ ᠰᠠᠨᠠᠭ᠎ᠠ ᠠᠯᠳᠠᠨ᠎ᠠ ᠪᠣᠢ᠂ ᠢᠦᠢ ᠪᠠᠭᠰᠢᠲᠠᠨ ᠰᠠᠨᠠᠭ᠎ᠠ ᠠᠯᠳᠠᠬᠤ ᠨᠢ ᠰᠡᠳᠬᠢᠯ ᠵᠣᠪᠠᠯᠠᠩ ᠲᠠᠢ ᠪᠠᠢᠭ᠎ᠠ ᠶ᠋ᠢᠨ ᠰᠢᠨᠵᠢ ᠬᠡᠳᠦᠢ ᠴᠦ᠍ ᠰᠡᠳᠬᠢᠯ ᠬᠣᠭᠣᠰᠣᠷᠠᠭᠰᠠᠨ ᠤ᠋ ᠢᠯᠡᠷᠬᠡᠢᠯᠡᠯ ᠭᠡᠵᠦ ᠬᠡᠯᠡᠵᠦ ᠪᠠᠢᠭᠰᠠᠨ ᠰᠠᠨ ᠭᠡᠬᠦ ᠳ᠋ᠦ᠍᠂
   — ᠦᠨᠡᠨ ᠦᠭᠡ ᠪᠠᠢᠨ᠎ᠠ᠃ ᠰᠡᠳᠬᠢᠯ ᠬᠣᠭᠣᠰᠣᠨ ᠪᠣᠯᠤᠭᠠᠳ ᠶᠠᠪᠤᠴᠢᠬᠠᠬᠤ ᠰᠢᠭ᠋ ᠰᠠᠨᠠᠭᠳᠠᠯ᠎ᠠ᠃ ᠬᠤᠪᠢ ᠲᠠᠪᠢᠯᠠᠩ ᠨᠠᠮᠠᠶ᠋ᠢ ᠰᠢᠯᠭᠠᠨ ᠰᠣᠷᠢᠵᠤ ᠪᠠᠢᠬᠤ ᠰᠢᠭ᠋ ᠰᠠᠨᠠᠭᠳᠠᠨ᠎ᠠ᠃ ᠳᠥᠩᠭᠡᠵᠦ ᠰᠠᠶᠢᠬᠠᠨ ᠨᠠᠳᠠ ᠳ᠋ᠤ᠌ ᠬᠣᠶᠠᠷ ᠡᠷᠬᠢᠮ ᠵᠦᠢᠯ ᠢ᠋ ᠮᠢᠨᠢ ᠨᠢᠳᠦᠨ ᠦ᠌ ᠡᠮᠦᠨ᠎ᠡ ᠳᠡᠯᠭᠡᠨ ᠬᠠᠷᠠᠭᠤᠯᠤᠭᠠᠳ ᠠᠯᠢ ᠨᠢᠭᠡ ᠶ᠋ᠢ ᠨᠢ ᠯᠡ ᠰᠣᠩᠭᠣ ᠭᠡᠵᠦ ᠬᠡᠯᠡᠬᠦ ᠰᠢᠭ ᠪᠣᠯᠬᠤ ᠳ᠋ᠤ᠌ ᠪᠢ ᠥᠪᠡᠷ ᠦ᠋ᠨ ᠰᠣᠩᠭᠣᠯᠲᠠ ᠪᠠᠨ ᠬᠢᠯ᠎ᠡ ᠬᠡᠮᠡᠪᠡ᠃
   — ᠡᠬᠡ ᠮᠢᠨᠢ ᠲᠠ ᠶᠠᠭᠤ ᠶ᠋ᠢ ᠬᠡᠯᠡᠨ᠎ᠡ ᠪᠣᠢ᠂ ᠬᠦᠦ ᠨᠢ ᠰᠠᠢᠨ ᠤᠬᠠᠵᠤ ᠣᠢᠯᠠᠭᠠᠭᠰᠠᠨ ᠦᠭᠡᠢ ᠭᠡᠬᠦ ᠳ᠋ᠦ᠍᠂ ᠰᠤᠷᠬᠠᠭᠲᠠᠨᠢ ᠬᠠᠲᠤᠨ᠄
   — ᠣᠳᠣ ᠴᠠᠭ ᠨᠢ ᠪᠣᠯᠤᠭᠰᠠᠨ ᠪᠣᠯᠤᠯᠲᠠᠢ ᠭᠡᠪᠡ᠃
ᠮᠥᠩᠬᠡ ᠲᠩᠷᠢ ᠶ᠋ᠢᠨ ᠴᠠᠭ ᠪᠣᠯᠤᠭ᠎ᠠ ᠦᠭᠡᠢ ᠭᠡᠵᠦ ᠬᠡᠯᠡᠵᠦ ᠰᠠᠭᠤᠳᠠᠭ ᠬᠠᠲᠤᠨ ᠡᠬᠡ ᠥᠨᠥ ᠴᠠᠭ ᠨᠢ ᠪᠣᠯᠤᠭᠰᠠᠨ ᠢ᠋ ᠰᠠᠨᠠᠭᠤᠯᠤᠨ ᠬᠡᠯᠡᠵᠦ ᠪᠠᠢᠭ᠎ᠠ ᠨᠢ ᠰᠣᠨᠢᠨ᠂ ᠡᠬᠡ ᠶ᠋ᠢᠨ ᠦᠭᠡ ᠶ᠋ᠢ ᠳᠣᠲᠣᠷ᠎ᠠ ᠪᠠᠨ ᠲᠤᠩᠭᠠᠨ ᠰᠠᠭᠤᠬᠤ ᠵᠠᠭᠤᠷ᠎ᠠ ᠬᠠᠲᠤᠨ ᠦᠷᠭᠦᠯᠵᠢᠯᠡᠭᠦᠯᠦᠨ᠂
   — ᠨᠠᠮᠠᠶ᠋ᠢ ᠪᠤᠬᠠᠷ ᠲᠤ ᠪᠠᠢᠬᠤ ᠳ᠋ᠤ᠌ ᠪᠠᠲᠤ ᠬᠠᠭᠠᠨ ᠪᠠᠷᠠᠯᠬᠠᠭᠠᠳ ᠶᠠᠪᠤᠭᠰᠠᠨ᠃ ᠲᠡᠷᠡ ᠬᠥᠶᠦᠭ ᠢ᠋ ᠡᠰᠡᠷᠭᠦᠴᠡᠨ᠂ ᠡᠵᠡᠨᠲᠦ ᠭᠦᠷᠦᠨ ᠦ᠌ ᠢᠷᠡᠭᠡᠳᠦᠢ ᠶᠢᠨ ᠬᠤᠪᠢ ᠵᠠᠶᠠᠭᠠᠨ ᠳ᠋ᠤ᠌ ᠰᠡᠳᠬᠢᠯ ᠴᠢᠯᠡᠭᠡᠨ ᠪᠠᠢᠭ᠎ᠠ ᠪᠠᠨ ᠨᠢᠭᠤᠯ ᠦᠭᠡᠢ ᠬᠡᠯᠡᠭᠡᠳ᠂ ᠪᠠᠢᠭᠤᠯᠤᠭᠰᠠᠨ ᠭᠠᠪᠢᠶ᠎ᠠ ᠦᠭᠡᠢ ᠶᠣᠰᠣ ᠪᠤᠰᠤ ᠬᠠᠭᠠᠨ ᠢ᠋ ᠬᠠᠯᠠᠵᠤ᠂ ᠶᠣᠰᠣᠲᠤ ᠬᠠᠭᠠᠨ ᠢ᠋ ᠰᠢᠷᠡᠭᠡᠨ ᠳ᠋ᠦ᠍ᠨᠢ ᠵᠠᠯᠠᠬᠤ ᠴᠠᠭ ᠪᠣᠯᠤᠯ᠎ᠠ ᠭᠡᠮᠡᠨ ᠬᠡᠯᠡᠵᠦ ᠪᠠᠢᠭᠰᠠᠨ ᠴᠤ ᠪᠢ ᠲᠡᠭᠦᠨ ᠳ᠋ᠦ᠍ ᠴᠠᠭ ᠤ᠋ᠨ ᠪᠠᠢᠳᠠᠯ ᠢ᠋ ᠬᠠᠷᠠᠵᠤ ᠶᠠᠭᠠᠷᠠᠨ ᠬᠥᠳᠡᠯᠬᠦ ᠦᠭᠡᠢ ᠪᠠᠢᠬᠤ ᠶ᠋ᠢ ᠰᠠᠨᠠᠭᠤᠯᠤᠭᠠᠳ ᠢᠷᠡᠭᠰᠡᠨ᠃ ᠪᠠᠲᠤ ᠬᠠᠭᠠᠨ ᠤ᠋ ᠪᠣᠳᠣᠯ ᠢ᠋ᠶ᠋ᠠᠷ ᠬᠠᠭᠠᠨ ᠰᠢᠷᠡᠭᠡᠨ ᠳ᠋ᠦ᠍ ᠰᠠᠭᠤᠬᠤ ᠶᠣᠰᠣᠲᠤ ᠬᠠᠭᠠᠨ ᠪᠣᠯ ᠬᠦᠦ ᠮᠢᠨᠢ ᠴᠢ ᠶᠤᠮ᠃ ᠪᠢ ᠴᠦ᠍ ᠡᠢᠮᠦ ᠪᠣᠳᠣᠯ ᠲᠠᠢ ᠪᠠᠢᠨ᠎ᠠ ᠭᠡᠪᠡ᠃
   ᠡᠬᠡ ᠶ᠋ᠢᠨ ᠡᠨᠡ ᠡᠷᠡᠰᠬᠡᠨ ᠰᠢᠢᠳᠪᠦᠷᠢ ᠰᠠᠶᠢᠬᠠᠨ ᠬᠥᠳᠡᠯᠦᠭᠰᠡᠨ ᠬᠥᠶᠦᠭ ᠬᠠᠭᠠᠨ ᠤ᠋ ᠶᠡᠬᠡ ᠴᠡᠷᠢᠭ ᠡᠴᠡ ᠡᠭᠦᠳᠦᠯ ᠲᠡᠢ ᠪᠣᠯᠬᠤ ᠶ᠋ᠢ ᠮᠥᠩᠬᠡ ᠭᠠᠳᠠᠷᠯᠠᠵᠤ ᠪᠠᠢᠪᠠ᠃ ᠨᠢᠭᠡᠨ ᠴᠠᠭ ᠲᠤ ᠲᠩᠷᠢ ᠶ᠋ᠢᠨ ᠳᠣᠣᠷ᠎ᠠ ᠠᠬ᠎ᠠ ᠳᠡᠭᠦᠦ ᠪᠣᠯᠤᠯᠴᠠᠨ ᠶᠠᠪᠤᠭᠰᠠᠨ ᠬᠥᠶᠦᠭ ᠬᠠᠭᠠᠨ ᠣᠷᠣ ᠰᠠᠭᠤᠭᠰᠠᠨ ᠡᠴᠡ ᠬᠣᠢᠰᠢ ᠮᠥᠩᠬᠡ ᠶ᠋ᠢ ᠳᠡᠭᠦᠦ ᠶ᠋ᠢᠨ ᠶᠣᠰᠣ ᠪᠠᠷ ᠬᠦᠨᠳᠦᠳᠬᠡᠨ ᠦᠵᠡᠬᠦ ᠶᠢ ᠪᠤᠤ ᠬᠡᠯᠡ᠂ ᠠᠯᠲᠠᠨ ᠤᠷᠤᠭ ᠤ᠋ᠨ ᠬᠥᠮᠦᠨ ᠭᠡᠳᠡᠭ ᠢ᠋ ᠮᠠᠷᠲᠠᠭᠰᠠᠨ ᠪᠠᠢᠯ᠎ᠠ᠃ ᠴᠠᠭ ᠨᠢ ᠪᠣᠯᠤᠭ᠎ᠠ ᠦᠭᠡᠢ ᠭᠡᠵᠦ ᠦᠷᠭᠦᠯᠵᠢ ᠬᠡᠯᠡᠳᠡᠭ ᠪᠠᠢᠭᠰᠠᠨ ᠡᠬᠡ ᠶ᠋ᠢᠨ ᠡᠨᠡ ᠤᠳᠠᠭ᠎ᠠ ᠳ᠋ᠤ᠌ ᠭᠠᠷᠭᠠᠭᠰᠠᠨ ᠰᠢᠢᠳᠪᠦᠷᠢ᠂ ᠴᠠᠭ ᠪᠣᠯᠤᠭᠰᠠᠨ ᠢ᠋ ᠰᠠᠨᠠᠭᠤᠯᠤᠨ ᠬᠡᠯᠡᠵᠦ ᠪᠠᠢᠭ᠎ᠠ ᠵᠡᠷᠭᠡ ᠶ᠋ᠢ ᠮᠥᠩᠬᠡ ᠡᠷᠭᠢᠴᠡᠭᠦᠯᠦᠨ ᠰᠠᠭᠤᠨ᠎ᠠ᠃ ᠰᠤᠷᠬᠠᠭᠲᠠᠨᠢ ᠦᠷᠭᠦᠯᠵᠢᠯᠡᠭᠦᠯᠦᠨ᠄
      — ᠪᠢ ᠭᠦᠶᠦᠭ ᠢ᠋ ᠵᠣᠭᠰᠣᠭᠠᠬᠤ ᠭᠡᠰᠡᠨ ᠪᠣᠯᠪᠠᠴᠤ ᠲᠡᠷᠡ ᠮᠢᠨᠦ ᠦᠭᠡ ᠶ᠋ᠢ ᠡᠰᠡ ᠠᠪᠤᠯ᠎ᠠ᠃ ᠬᠠᠭᠠᠨ ᠤ᠋ ᠦᠷᠡᠰ ᠬᠣᠭᠣᠷᠣᠨᠳᠣ ᠪᠠᠨ ᠲᠠᠯᠠᠴᠠᠵᠤ ᠥᠭᠡᠳᠡᠢ ᠴᠠᠭᠠᠲᠠᠢ ᠶ᠋ᠢᠨ ᠦᠷᠡᠰ ᠨᠡᠢᠯᠡᠬᠦ ᠪᠣᠯᠤᠯ᠎ᠠ᠃ ᠴᠠᠭᠠᠲᠠᠢ ᠶ᠋ᠢᠨ ᠦᠷ᠎ᠡ ᠬᠡᠦᠬᠡᠳ ᠦ᠋ᠳ ᠭᠦᠶᠦᠭ ᠦ᠋ᠨ ᠲᠠᠯ᠎ᠠ ᠳ᠋ᠤ᠌ ᠵᠣᠭᠰᠣᠭᠰᠠᠨ ᠲᠤᠯᠠ ᠡᠨᠡ ᠬᠡᠴᠡᠭᠦᠦ ᠴᠠᠭ ᠲᠤ᠌ ᠪᠢᠳᠡᠨ ᠳ᠋ᠦ᠍ ᠲᠤᠯᠬᠤ ᠬᠥᠮᠦᠨ ᠪᠠᠲᠤ ᠡᠴᠡ ᠥᠭᠡᠷ᠎ᠡ ᠦᠭᠡᠢ᠃ ᠲᠡᠷᠡ ᠬᠦᠴᠦᠲᠡᠢ᠃ ᠥᠨᠥ ᠪᠢᠳᠡᠨ ᠡᠴᠡ ᠬᠣᠯᠠ ᠴᠤ ᠭᠡᠰᠡᠨ ᠪᠢᠳᠡ ᠲᠡᠭᠦᠨ ᠲᠡᠢ ᠨᠢᠭᠡᠳᠬᠦ ᠶᠣᠰᠣᠲᠠᠢ᠃ ᠪᠢ ᠲᠡᠭᠦᠨ ᠳ᠋ᠦ᠍ ᠰᠡᠷᠡᠮᠵᠢ ᠲᠡᠢ ᠪᠠᠢᠬᠤ ᠶ᠋ᠢ ᠰᠠᠨᠠᠭᠤᠯᠤᠨ ᠬᠥᠮᠦᠨ ᠶᠠᠪᠤᠭᠤᠯᠵᠤ ᠵᠠᠬᠢᠳᠠᠯ ᠢᠯᠡᠭᠡᠯ᠎ᠡ᠃ ᠮᠥᠩᠬᠡ ᠲᠩᠷᠢ ᠪᠦᠭᠦᠳᠡ ᠶ᠋ᠢ ᠬᠠᠷᠠᠵᠤ ᠪᠠᠢᠳᠠᠭ ᠲᠤᠯᠠ ᠬᠡᠷᠬᠢᠬᠦ ᠶ᠋ᠢ ᠪᠣᠯᠭᠣᠭᠠᠬᠤ ᠪᠢᠵᠡ ᠬᠡᠮᠡᠪᠡ
   *
   ᠡᠮᠢᠯ ᠦ᠋ᠨ ᠵᠦᠭ ᠬᠥᠳᠡᠯᠦᠭᠰᠡᠨ ᠭᠦᠶᠦᠭ ᠦ᠋ᠨ ᠶᠡᠬᠡ ᠴᠡᠷᠢᠭ ᠵᠠᠮ ᠳ᠋ᠠᠭᠠᠨ ᠭᠠᠷᠴᠠᠢ᠃ ᠬᠣᠶᠠᠷ ᠵᠠᠭᠤᠨ ᠱᠠᠷ ᠬᠥᠯᠯᠡᠭᠰᠡᠨ ᠨᠡᠭᠦᠳᠡᠯ ᠦ᠋ᠨ ᠦᠷᠭᠦᠭᠡᠨ ᠳᠣᠲᠣᠷ᠎ᠠ ᠭᠦᠶᠦᠭ ᠬᠠᠭᠠᠨ ᠪᠣᠳᠣᠯ ᠪᠣᠯᠤᠨ ᠵᠡᠭᠦᠷᠮᠡᠭᠯᠡᠨ᠎ᠡ᠃ ᠲᠡᠷᠡ ᠨᠢᠭᠡᠨ ᠴᠠᠭ ᠲᠤ᠌ ᠬᠠᠭᠠᠨ ᠬᠥᠪᠡᠭᠦᠳ ᠦ᠋ᠨ ᠠᠶᠠᠨ ᠲᠡᠢᠨ ᠪᠠᠲᠤ ᠲᠠᠢ ᠮᠠᠭᠤᠳᠠᠯᠴᠠᠨ ᠳᠣᠷᠣᠮᠵᠢᠯᠠᠭᠤᠯᠵᠤ᠂ ᠲᠡᠭᠦᠨ ᠦ᠌ ᠳᠠᠷᠠᠭ᠎ᠠ ᠬᠠᠭᠠᠨ ᠡᠴᠢᠭᠡ ᠡᠴᠡ ᠪᠡᠨ ᠵᠠᠩᠨᠠᠯ ᠬᠦᠷᠲᠡᠨ ᠭᠠᠷᠴᠤ᠂ ᠪᠣᠷᠭᠢ ᠶ᠋ᠢᠨ ᠠᠮᠠᠨ ᠡᠴᠡ ᠥᠪᠡᠷ ᠦ᠋ᠨ ᠨᠠᠷᠠᠨ ᠵᠢᠷᠭᠠᠵᠤ ᠪᠣᠢ ᠶ᠋ᠢ ᠰᠣᠨᠣᠰᠤᠭᠰᠠᠨ᠂ ᠡᠷᠲᠡᠨ ᠦ᠌ ᠲᠡᠷᠡ ᠨᠢᠭᠡᠨ ᠦᠰ ᠬᠣᠨᠵᠢᠩ ᠥᠨᠥ ᠰᠡᠳᠬᠢᠯ ᠳᠣᠲᠣᠷ᠎ᠠ ᠨᠢ ᠠᠮᠢᠯᠠᠨ ᠪᠤᠴᠠᠯᠬᠤ ᠰᠢᠭ᠋ ᠪᠣᠯᠬᠤ ᠳ᠋ᠤ᠌ ᠬᠠᠮᠤᠭ ᠪᠡᠶ᠎ᠡ ᠨᠢ ᠵᠠᠷᠠᠰᠬᠢᠵᠦ᠂ ᠲᠡᠷᠡ ᠳᠣᠣᠷ᠎ᠠ ᠪᠠᠨ ᠥᠨᠳᠡᠢᠨ ᠪᠣᠰᠤᠭᠠᠳ ᠰᠢᠷᠡᠭᠡᠨ ᠳᠡᠭᠡᠷ᠎ᠡ ᠡᠴᠡ ᠠᠶᠠᠭ᠎ᠠ ᠲᠠᠢ ᠰᠠᠷᠬᠤᠳ ᠠᠪᠴᠤ ᠬᠥᠨᠲᠡᠷᠦᠩᠬᠡᠨ 《ᠮᠢᠨᠦ ᠨᠠᠷᠠ ᠮᠠᠨᠳᠤᠵᠤ᠂ ᠮᠢᠨᠦ ᠴᠠᠭ ᠢᠷᠡᠭᠰᠡᠨ ᠭᠡᠳᠡᠭ ᠢ᠋ ᠬᠠᠷᠠᠭᠤᠯᠬᠤ ᠪᠣᠯᠤᠨ᠎ᠠ》 ᠭᠡᠵᠦ ᠠᠮᠠᠨ ᠳ᠋ᠠᠭᠠᠨ ᠬᠡᠯᠡᠭᠡᠳ ᠪᠤᠴᠠᠨ ᠰᠠᠭᠤᠯ᠎ᠠ᠃ ᠭᠦᠶᠦᠭ ᠲᠦ᠍ ᠥᠪᠡᠷ ᠦ᠋ᠨ ᠰᠦᠷ ᠬᠦᠴᠦ ᠪᠡᠨ ᠠᠯᠲᠠᠨ ᠤᠷᠤᠭ ᠤ᠋ᠨ ᠬᠢᠨ ᠦ᠌ ᠳᠣᠲᠣᠷ᠎ᠠ ᠤᠯᠠᠮ ᠮᠡᠳᠡᠷᠡᠭᠦᠯᠵᠦ᠂ ᠡᠵᠡᠨᠲᠦ ᠭᠦᠷᠦᠨ ᠦ᠌ ᠵᠠᠬ᠎ᠠ ᠬᠢᠵᠠᠭᠠᠷ ᠢ᠋ ᠲᠡᠯᠡᠵᠦ᠂ ᠬᠠᠮᠤᠭ ᠤ᠋ᠨ ᠡᠵᠡᠨ ᠬᠠᠭᠠᠨ ᠪᠣᠯᠬᠤ ᠬᠦᠰᠡᠯ ᠳᠦᠭᠦᠷᠡᠩ ᠪᠠᠢᠭᠰᠠᠨ ᠡᠴᠡ ᠤᠷᠢᠳᠤ ᠶ᠋ᠢᠨ ᠥᠰᠢᠶ᠎ᠡ ᠶ᠋ᠢ ᠰᠠᠨᠠᠭᠠᠯᠵᠠᠨ ᠪᠠᠲᠤ ᠶ᠋ᠢ ᠳᠠᠷᠤᠬᠤ ᠶ᠋ᠢᠨ ᠬᠠᠵᠠᠭᠤ ᠪᠠᠷ ᠥᠨᠥ ᠬᠢᠷᠢ ᠵᠠᠬᠢᠷᠭᠠᠨ ᠳ᠋ᠤᠨᠢ ᠣᠷᠣᠬᠤ ᠦᠭᠡᠢ ᠪᠠᠢᠭ᠎ᠠ ᠠᠯᠲᠠᠨ ᠣᠷᠳᠣᠨ ᠤ᠋ ᠤᠯᠤᠰ ᠢ᠋ ᠥᠪᠡᠷ ᠲᠡᠭᠡᠨ ᠠᠪᠬᠤ ᠨᠢ ᠢᠯᠡᠭᠦᠦ ᠬᠣᠨᠵᠢᠶ᠎ᠠ ᠲᠠᠢ᠂ ᠢᠯᠡᠭᠦᠦ ᠵᠥᠪ ᠰᠢᠢᠳᠪᠦᠷᠢ ᠭᠡᠳᠡᠭ ᠢ᠋ ᠲᠡᠷᠡ ᠲᠠᠯ᠎ᠠ ᠨᠤᠲᠤᠭ ᠲᠤ᠌ ᠪᠠᠢᠬᠤ ᠠ᠋ᠴᠠ ᠪᠠᠨ ᠢᠲᠡᠭᠡᠵᠦ ᠠᠶᠠᠨ ᠵᠠᠮ ᠳ᠋ᠤ᠌ ᠭᠠᠷᠤᠭᠰᠠᠨ ᠬᠡᠷᠡᠭ ᠪᠠᠢᠪᠠ᠃
   ᠠᠯᠲᠠᠨ ᠣᠷᠳᠣᠨ ᠤ᠋ ᠤᠯᠤᠰ ᠤ᠋ᠨ ᠡᠵᠡᠨ ᠪᠠᠲᠤ ᠬᠠᠭᠠᠨ ᠤ᠋ ᠦᠷᠭᠦᠭᠡᠨ ᠳ᠋ᠦ᠍ ᠰᠤᠷᠬᠠᠭᠲᠠᠨᠢ ᠬᠠᠲᠤᠨ ᠤ᠋ ᠢᠯᠡᠭᠡᠭᠰᠡᠨ ᠨᠢᠭᠤᠴᠠ ᠡᠯᠴᠢ ᠢᠨᠢᠯᠢ ᠬᠦᠷᠦᠯᠴᠡᠨ ᠢᠷᠡᠯ᠎ᠡ᠃ ᠲᠡᠷᠡ ᠠᠶᠠᠨ ᠵᠠᠮ ᠤ᠋ᠨ ᠤᠷᠲᠤ ᠳ᠋ᠤ᠌ ᠮᠣᠷᠢᠨ ᠤ᠋ ᠬᠤᠷᠳᠤ ᠪᠠᠷ ᠳᠠᠪᠬᠢᠨ ᠢᠷᠡᠭᠰᠡᠨ ᠪᠣᠯᠤᠯᠲᠠᠢ᠃ ᠵᠠᠮ ᠤ᠋ᠨ ᠲᠣᠭᠣᠰᠣ ᠮᠥᠷᠦᠨ ᠳ᠋ᠦ᠍ᠨᠢ ᠪᠠᠭᠤᠵᠤ᠂ ᠦᠰᠦ ᠰᠠᠬᠠᠯ ᠨᠢ ᠵᠡᠬᠡᠯᠳᠡᠵᠡᠢ᠃ ᠢᠨᠢᠯᠢ ᠡᠩᠭᠡᠷ ᠦ᠋ᠨ ᠵᠡᠭᠦᠯᠳᠡᠨ ᠦ᠌ ᠪᠡᠨ ᠴᠠᠭᠠᠨ᠎ᠠ ᠡᠴᠡ ᠬᠡᠳᠦᠨ ᠳᠠᠪᠬᠤᠷ ᠨᠤᠭᠤᠯᠤᠭᠰᠠᠨ ᠵᠠᠬᠢᠳᠠᠯ ᠢ᠋ ᠭᠠᠷᠭᠠᠨ ᠠᠪᠴᠤ ᠪᠠᠲᠤ ᠬᠠᠭᠠᠨ ᠳ᠋ᠤ᠌ ᠬᠣᠶᠠᠷ ᠭᠠᠷᠳᠠᠨ ᠪᠠᠷᠢᠭᠠᠳ᠂
   — ᠰᠤᠷᠬᠠᠭᠲᠠᠨᠢ ᠬᠠᠲᠤᠨ ᠥᠭᠭᠦᠭᠦᠯᠦᠯ᠎ᠡ ᠭᠡᠮᠡᠨ ᠠᠮᠢᠰᠬᠤᠭ᠎ᠠ ᠪᠠᠨ ᠳᠠᠷᠤᠨ ᠬᠡᠯᠡᠯ᠎ᠡ᠃ 
ᠪᠠᠲᠤ ᠬᠠᠭᠠᠨ ᠵᠠᠬᠢᠳᠠᠯ ᠢ᠋ ᠵᠠᠳᠠᠯᠤᠨ ᠤᠩᠰᠢᠪᠠ᠃《ᠭᠦᠶᠦᠭ ᠬᠠᠭᠠᠨ ᠶᠡᠬᠡ ᠴᠡᠷᠢᠭ ᠢ᠋ᠶ᠋ᠡᠨ ᠥᠷᠥᠨ᠎ᠡ ᠵᠦᠭ ᠲᠦ᠍ ᠬᠥᠳᠡᠯᠭᠡᠯ᠎ᠡ᠃ ᠲᠩᠷᠢ ᠶ᠋ᠢᠨ ᠪᠠᠢᠳᠠᠯ ᠳᠤᠯᠠᠭᠠᠷᠠᠬᠤ ᠶ᠋ᠢ ᠬᠦᠯᠢᠶᠡᠯ ᠦᠭᠡᠢ ᠶᠠᠭᠠᠷᠠᠨ ᠭᠠᠷᠤᠭᠰᠠᠨ ᠢ᠋ ᠦᠵᠡᠪᠡᠯ ᠬᠠᠭᠠᠨ ᠡᠵᠡᠨ ᠳᠠᠭᠤᠰᠬᠠᠭ᠎ᠠ ᠦᠭᠡᠢ ᠠᠵᠢᠯ ᠢ᠋ᠶ᠋ᠠᠨ ᠳᠠᠭᠤᠰᠬᠠᠬᠤ ᠵᠣᠷᠢᠯᠭ᠎ᠠ ᠠᠭᠤᠯᠤᠨ ᠭᠠᠷᠤᠭᠰᠠᠨ ᠨᠢ ᠮᠠᠭᠠᠳ ᠪᠢᠵᠡ᠃ ᠠᠯᠲᠠᠨ ᠣᠷᠳᠣᠨ ᠤ᠋ ᠤᠯᠤᠰ ᠢ᠋ ᠵᠣᠷᠢᠨ ᠶᠠᠪᠤᠭ᠎ᠠ ᠬᠡᠷᠡᠭ ᠲᠤᠯᠠ ᠰᠡᠷᠡᠮᠵᠢ ᠲᠡᠢ ᠪᠠᠢᠬᠤ ᠶ᠋ᠢ ᠰᠠᠨᠠᠭᠤᠯᠤᠨ ᠬᠡᠯᠡᠶ᠎ᠡ》 ᠭᠡᠮᠡᠨ ᠠᠮᠠᠨ ᠳ᠋ᠠᠭᠠᠨ ᠤᠩᠰᠢᠵᠤ ᠳᠠᠭᠤᠰᠤᠭᠠᠳ ᠢᠨᠢᠯᠢ ᠳ᠋ᠦ᠍ ᠬᠠᠨᠳᠤᠨ᠂
   — ᠠᠯᠲᠠᠨ ᠣᠷᠳᠣᠨ ᠤ᠋ ᠤᠯᠤᠰ ᠲᠤ ᠮᠢᠨᠢ ᠠᠮᠠᠷᠠᠵᠤ ᠲᠤᠬᠠᠯᠠᠨ ᠠᠶᠠᠨ ᠵᠠᠮ ᠤ᠋ᠨ ᠠᠯᠵᠢᠶᠠᠯ ᠢ᠋ᠶ᠋ᠠᠨ ᠲᠠᠢᠯ ᠭᠡᠵᠦ ᠵᠠᠷᠯᠢᠭᠳᠠᠭᠠᠳ ᠭᠠᠷᠭᠠᠯ᠎ᠠ᠃ ᠢᠨᠢᠯᠢ ᠶ᠋ᠢ ᠭᠠᠷᠤᠭᠰᠠᠨ ᠤ᠋ ᠳᠠᠷᠠᠭ᠎ᠠ᠂ ᠪᠠᠲᠤ ᠬᠠᠭᠠᠨ᠂ ᠰᠦᠪᠡᠭᠡᠳᠡᠢ ᠵᠠᠩᠵᠤᠨ ᠢ᠋ ᠳᠠᠭᠤᠳᠠᠭᠤᠯᠤᠯ᠎ᠠ᠃ ᠨᠠᠰᠤ ᠳᠡᠭᠡᠷ᠎ᠡ ᠭᠠᠷᠤᠭᠰᠠᠨ ᠰᠦᠪᠡᠭᠡᠳᠡᠢ ᠪᠠᠭᠠᠲᠤᠷ ᠪᠠᠲᠤ ᠬᠠᠭᠠᠨ ᠤ᠋ ᠤᠷᠲᠤ ᠦᠷᠭᠦᠭᠡᠨ ᠳ᠋ᠦ᠍ ᠪᠠᠷᠠᠯᠬᠠᠨ ᠢᠷᠡᠬᠦ ᠳ᠋ᠦ᠍᠂
   — ᠭᠦᠶᠦᠭ ᠶᠡᠬᠡ ᠴᠡᠷᠢᠭ ᠢ᠋ᠶ᠋ᠡᠨ ᠠᠪᠤᠨ ᠨᠠᠭᠠᠰᠢ ᠬᠥᠳᠡᠯᠵᠡᠢ᠃ ᠰᠤᠷᠬᠠᠭᠲᠠᠨᠢ ᠬᠠᠲᠤᠨ ᠨᠠᠳᠠ ᠳ᠋ᠤ᠌ ᠰᠡᠷᠡᠮᠵᠢ ᠲᠡᠢ ᠪᠠᠢᠬᠤ ᠶ᠋ᠢ ᠠᠩᠬᠠᠷᠤᠭᠤᠯᠤᠨ ᠬᠥᠮᠦᠨ ᠢᠯᠡᠭᠡᠭᠰᠡᠨ ᠪᠠᠢᠨ᠎ᠠ ᠭᠡᠮᠡᠨ ᠭᠠᠷ ᠲᠠᠭᠠᠨ ᠪᠠᠷᠢᠭᠰᠠᠨ ᠵᠠᠬᠢᠳᠠᠯ ᠢ᠋ ᠬᠠᠷᠠᠭᠤᠯᠤᠯ᠎ᠠ᠃ ᠰᠦᠪᠡᠭᠡᠳᠡᠢ ᠵᠠᠩᠵᠤᠨ ᠪᠠᠲᠤ ᠶ᠋ᠢᠨ ᠭᠠᠷ ᠲᠤ ᠪᠠᠢᠭ᠎ᠠ ᠦᠷᠴᠢᠬᠡᠷ ᠴᠠᠭᠠᠰᠤ ᠶ᠋ᠢ ᠬᠠᠷᠠᠵᠤ ᠲᠠᠢᠪᠤᠩ ᠢ᠋ᠶ᠋ᠠᠷ᠂
   — ᠨᠢᠭᠡᠨᠲᠡ ᠬᠡᠷᠡᠭ ᠶᠠᠪᠤᠳᠠᠯ ᠡᠢᠮᠦ ᠪᠣᠯᠤᠭᠰᠠᠨ ᠪᠣᠯ ᠪᠢᠳᠡ ᠨᠢᠭᠡ ᠶᠡᠬᠡ ᠰᠦᠷ ᠳᠤᠤᠯᠢᠶᠠᠨ ᠪᠣᠯᠤᠯ ᠦᠭᠡᠢ ᠥᠪᠡᠷ ᠦ᠋ᠨ ᠴᠡᠷᠢᠭ ᠢ᠋ᠶ᠋ᠡᠨ ᠠᠪᠴᠤ ᠳᠣᠷᠣᠨ᠎ᠠ ᠵᠦᠭ ᠲᠦ᠍ ᠡᠮᠦᠨ᠎ᠡ ᠡᠴᠡ ᠨᠢ ᠬᠥᠳᠡᠯᠦᠶ᠎ᠡ ᠬᠡᠮᠡᠪᠡ᠃
   ᠪᠠᠲᠤ ᠬᠠᠭᠠᠨ ᠰᠤᠷᠬᠠᠭᠲᠠᠨᠢ  ᠬᠠᠲᠤᠨ ᠤ᠋ ᠵᠠᠬᠢᠳᠠᠯ ᠢ᠋ ᠠᠪᠤᠭᠰᠠᠨ ᠡᠴᠡ ᠬᠣᠢᠰᠢ ᠲᠤᠩ ᠤᠳᠠᠯ ᠦᠭᠡᠢ ᠰᠦᠪᠡᠭᠡᠳᠡᠢ ᠵᠠᠩᠵᠤᠨ ᠤ᠋ ᠬᠠᠮᠲᠤ ᠶᠡᠬᠡ ᠴᠡᠷᠢᠭ ᠢ᠋ᠶ᠋ᠡᠨ ᠠᠪᠤᠨ ᠬᠥᠳᠡᠯᠵᠦ ᠳᠣᠷᠣᠨ᠎ᠠ ᠶ᠋ᠢ ᠵᠦᠭᠯᠡᠪᠡ᠃ ᠶᠡᠬᠡ ᠴᠡᠷᠢᠭ ᠦ᠋ᠨ ᠢ᠋ᠶ᠋ᠡᠨ ᠡᠮᠦᠨ᠎ᠡ ᠮᠣᠷᠢᠨ ᠳᠡᠯ ᠳᠡᠭᠡᠷ᠎ᠡ ᠠᠯᠤᠰ ᠤ᠋ᠨ ᠠᠭᠤᠯᠠ ᠶ᠋ᠢᠨ ᠲᠣᠯᠣᠭᠠᠢ ᠤᠷᠤᠭᠤ ᠬᠠᠷᠠᠭ᠎ᠠ ᠪᠡᠯᠴᠢᠭᠡᠨ ᠶᠠᠪᠤᠭ᠎ᠠ ᠪᠠᠲᠤ ᠬᠠᠭᠠᠨ ᠤ᠋ ᠨᠢᠳᠦ ᠨᠢᠯᠪᠤᠰᠤ ᠲᠠᠢ ᠪᠠᠢᠯ᠎ᠠ᠃ ᠲᠡᠷᠲᠡᠭᠡ ᠳ᠋ᠦ᠍ ᠬᠠᠷᠠᠭᠳᠠᠬᠤ ᠠᠯᠤᠰ ᠤ᠋ᠨ ᠣᠯᠠᠨ ᠠᠭᠤᠯᠠᠰ ᠤ᠋ᠨ ᠴᠠᠭᠠᠨ᠎ᠠ ᠡᠬᠡ ᠨᠤᠲᠤᠭ᠂ ᠡᠯᠢᠭᠡᠨ ᠰᠠᠳᠤᠨ ᠨᠢ ᠪᠣᠢ᠃ ᠠᠯᠤᠰᠷᠠᠨ ᠬᠠᠷᠠᠭᠳᠠᠬᠤ ᠡᠨᠡ ᠵᠦᠭ ᠲᠦ᠍ ᠠᠯᠲᠠᠨ ᠣᠷᠳᠣᠨ ᠤ᠋ ᠤᠯᠤᠰ ᠤ᠋ᠨ ᠮᠣᠩᠭᠣᠯᠴᠤᠳ ᠴᠠᠢ ᠶ᠋ᠢᠨ ᠢ᠋ᠶ᠋ᠡᠨ ᠳᠡᠭᠡᠵᠢ ᠶ᠋ᠢ ᠡᠷᠭᠦᠵᠦ ᠰᠠᠢᠨ ᠢ᠋ ᠪᠣᠳᠣᠨ ᠰᠠᠢᠬᠠᠨ ᠢ᠋ ᠢᠷᠥᠭᠡᠨ ᠶᠠᠪᠤᠳᠠᠭ᠃ ᠨᠤᠲᠤᠭ ᠠᠯᠤᠰᠯᠠᠭᠰᠠᠨ ᠴᠤ ᠰᠡᠳᠬᠢᠯ ᠠᠯᠤᠰᠯᠠᠬᠤ ᠦᠭᠡᠢ ᠡᠯᠢᠭᠡ ᠨᠢᠭᠡᠲᠡᠨ ᠦ᠌ ᠬᠠᠭᠠᠴᠠᠭᠰᠠᠨ ᠰᠡᠳᠬᠢᠯ ᠶᠡᠬᠡ ᠨᠤᠲᠤᠭ ᠤᠷᠤᠭᠤ ᠪᠠᠨ ᠵᠢᠯᠣᠭᠣ ᠴᠤᠯᠪᠤᠭᠤᠷ ᠢ᠋ᠶ᠋ᠠᠨ ᠲᠠᠰᠤᠳᠠᠨ ᠭᠦᠶᠦᠬᠦ ᠬᠦᠯᠦᠭ ᠮᠣᠷᠢᠨ ᠠᠳᠠᠯᠢ ᠳᠡᠩᠰᠡᠯᠳᠡᠭ ᠴᠤ ᠶᠡᠬᠡ ᠬᠠᠭᠠᠨ ᠤ᠋ ᠵᠠᠷᠯᠢᠭ᠂ ᠬᠡᠵᠢᠶᠡᠳᠡ ᠵᠥᠷᠢᠴᠡᠵᠦ ᠪᠣᠯᠬᠤ ᠦᠭᠡᠢ ᠮᠥᠩᠬᠡ ᠲᠩᠷᠢ ᠶ᠋ᠢᠨ ᠳᠣᠣᠷ᠎ᠠ ᠡᠷᠭᠦᠭᠰᠡᠨ ᠠᠨᠳᠠᠭᠠᠢ ᠲᠠᠩᠭᠠᠷᠢᠭ ᠲᠡᠳᠡᠨ ᠢ᠋ ᠲᠣᠭᠲᠠᠭᠠᠨ ᠪᠠᠷᠢᠳᠠᠭ᠃ ᠤᠯᠠᠷᠢᠯ ᠰᠣᠯᠢᠭᠳᠠᠬᠤ ᠪᠦᠷᠢ ᠳ᠋ᠦ᠍ ᠰᠡᠳᠬᠢᠯ ᠳᠣᠭᠳᠣᠯᠵᠤ᠂ ᠨᠤᠲᠤᠭ ᠲᠤ᠌ ᠦᠯᠡᠳᠡᠭᠰᠡᠨ ᠠᠬ᠎ᠠ ᠳᠡᠭᠦᠦ᠂ ᠠᠮᠠᠷᠠᠭ ᠰᠠᠳᠤᠨ᠂ ᠡᠪᠦᠯᠵᠢᠶ᠎ᠡ ᠬᠠᠪᠤᠷᠵᠢᠶ᠎ᠠ ᠪᠠᠨ ᠳᠤᠷᠠᠰᠤᠨ ᠰᠠᠭᠤᠳᠠᠭ᠃ ᠥᠷᠥᠨ᠎ᠡ ᠵᠦᠭ ᠦ᠋ᠨ ᠤᠰᠤᠨ ᠦᠵᠦᠮ ᠦ᠋ᠨ ᠳᠡᠷᠡᠰᠦᠨ ᠡᠴᠡ ᠢᠯᠡᠭᠦᠦ ᠲᠡᠢ ᠭᠡᠭᠦᠦ ᠶ᠋ᠢᠨ ᠰᠡᠩᠭᠢᠨᠡᠭᠰᠡᠨ ᠠᠢᠷᠠᠭ ᠢ᠋ᠶ᠋ᠠᠨ ᠤᠤᠭᠤᠬᠤ ᠶ᠋ᠢ ᠬᠦᠰᠡᠳᠡᠭ᠃ ᠬᠠᠨ᠎ᠠ ᠬᠡᠷᠡᠮ ᠮᠡᠲᠦ ᠪᠦᠷᠬᠦᠬᠦ ᠮᠣᠳᠣᠲᠤ ᠠᠭᠤᠯᠠᠰ ᠡᠴᠡ ᠢᠯᠡᠭᠦᠦ ᠪᠡᠷ ᠲᠠᠯ᠎ᠠ ᠶ᠋ᠢᠨ ᠰᠠᠯᠬᠢᠨ ᠤ ᠦᠨᠦᠷ ᠴᠡᠭᠡᠵᠢ ᠳᠥᠭᠥᠷᠦᠨ ᠢᠷᠡᠬᠦ ᠴᠡᠩᠭᠡᠭ ᠠᠭᠠᠷ ᠢ᠋ᠶ᠋ᠠᠷ ᠠᠮᠢᠰᠬᠤᠯᠯᠠᠵᠤ᠂ ᠰᠡᠳᠬᠢᠯ ᠢ᠋ᠶ᠋ᠡᠨ ᠠᠭᠤᠵᠢᠷᠠᠭᠤᠯᠬᠤ ᠶ᠋ᠢ ᠮᠥᠷᠥᠭᠡᠳᠳᠡᠭ᠃ ᠭᠡᠪᠡᠴᠦ ᠪᠠᠲᠤ ᠬᠠᠭᠠᠨ ᠡᠨᠡ ᠤᠳᠠᠭ᠎ᠠ ᠳ᠋ᠤ᠌ ᠡᠯᠢᠭᠡ ᠨᠢᠭᠡᠲᠡᠨ ᠦ᠌ ᠪᠡᠨ ᠡᠮᠦᠨ᠎ᠡ ᠡᠴᠡ ᠶᠡᠬᠡ ᠴᠡᠷᠢᠭ ᠠᠭᠰᠠᠨ ᠭᠠᠷᠤᠭᠰᠠᠨ ᠪᠠᠢᠯ᠎ᠠ᠃ ᠲᠤᠩ ᠤᠳᠠᠯ ᠦᠭᠡᠢ ᠥᠭᠡᠳᠡ ᠥᠭᠡᠳᠡ ᠡᠴᠡ ᠪᠡᠨ ᠳᠠᠢᠳᠤᠨ ᠣᠷᠣᠬᠤ ᠴᠢᠰᠤ ᠤᠷᠤᠰᠬᠠᠭᠰᠠᠨ ᠳᠣᠯᠣᠭᠠᠨ ᠪᠣᠯᠤᠨ᠎ᠠ᠃ ᠡᠨᠡ ᠳᠣᠯᠣᠭᠠᠨ ᠳ᠋ᠤ᠌ ᠬᠠᠷᠢ ᠬᠥᠮᠦᠨ ᠦ᠌ ᠪᠤᠰᠤ ᠬᠠᠯᠠᠭᠤᠨ ᠰᠡᠳᠬᠢᠯ ᠲᠡᠢ ᠮᠣᠩᠭᠣᠯ ᠬᠥᠮᠦᠨ ᠦ᠌ ᠴᠢᠰᠤ ᠤᠷᠤᠰᠤᠨ᠎ᠠ᠃ ᠭᠡᠪᠡᠴᠦ ᠥᠭᠡᠷ᠎ᠡ ᠰᠣᠩᠭᠣᠯᠲᠠ ᠪᠠᠢᠭᠰᠠᠨ ᠦᠭᠡᠢ᠃ ᠥᠷᠢᠰᠴᠦ ᠳᠠᠢᠳᠤᠬᠤ ᠦᠭᠡᠢ ᠪᠣᠯ ᠥᠪᠡᠷ ᠢ᠋ᠶ᠋ᠡᠨ ᠦᠷᠡᠭᠳᠡᠬᠦ ᠶᠡᠬᠡ ᠠᠶᠤᠯ ᠡᠮᠦᠨ᠎ᠡ ᠬᠠᠷᠠᠭᠳᠠᠬᠤ ᠣᠯᠠᠨ ᠠᠭᠤᠯᠠᠰ ᠤ᠋ᠨ ᠴᠠᠭᠠᠨ᠎ᠠ ᠡᠴᠡ ᠢᠷᠡᠵᠦ ᠠᠢᠰᠤᠢ᠃
   ᠅
   ᠥᠭᠡᠳᠡ ᠥᠭᠡᠳᠡ ᠡᠴᠡ ᠪᠡᠨ ᠭᠠᠷᠤᠭᠰᠠᠨ ᠶᠡᠬᠡ ᠴᠡᠷᠢᠭ ᠤᠷᠲᠤ ᠵᠠᠮ ᠢ᠋ ᠲᠤᠭᠤᠯᠤᠭᠰᠠᠨ ᠪᠠᠢᠯ᠎ᠠ᠃ ᠲᠠᠯ᠎ᠠ ᠨᠤᠲᠤᠭ ᠡᠴᠡ ᠭᠠᠷᠤᠭᠠᠳ ᠣᠯᠠᠨ ᠬᠣᠨᠣᠭ ᠤ᠋ᠨ ᠵᠠᠮ ᠲᠤᠭᠤᠯᠤᠭᠰᠠᠨ ᠭᠦᠶᠦᠭ ᠬᠠᠭᠠᠨ ᠤ᠋ ᠶᠡᠬᠡ ᠴᠡᠷᠢᠭ ᠰᠠᠮᠠᠷᠺᠠᠨᠳ᠋ ᠦ᠋ᠨ ᠣᠷᠴᠢᠮ  ᠳᠤ  ᠪᠢᠱᠪᠠᠯᠢᠺ ᠠ᠋ᠴᠠ ᠳᠣᠯᠣᠭᠠᠨ ᠬᠣᠨᠣᠭ ᠤ᠋ᠨ ᠭᠠᠵᠠᠷ ᠲᠤ᠌ ᠺᠦᠮᠰᠢᠭᠡᠷ ᠭᠣᠣᠯ ᠤ᠋ᠨ ᠣᠷᠴᠢᠮ ᠲᠦᠷ ᠠᠮᠠᠷᠠᠨ ᠪᠠᠢᠬᠤ ᠶ᠋ᠢᠨ ᠦᠶ᠎ᠡ ᠳ᠋ᠦ᠍ ᠬᠠᠪᠤᠷ ᠤ᠋ᠨ ᠳᠤᠮᠳᠠ ᠰᠠᠷ᠎ᠠ ᠭᠠᠷᠴᠤ ᠪᠠᠢᠪᠠ᠃
   ᠰᠥᠨᠢ ᠣᠷᠣᠢ ᠪᠣᠯᠵᠤ ᠲᠦᠳᠡᠭ ᠭᠠᠯ ᠤ᠋ᠨ ᠭᠡᠷᠡᠯ ᠶᠡᠬᠡ ᠲᠠᠯ᠎ᠠ ᠶ᠋ᠢᠨ ᠳᠤᠮᠳᠠ ᠡᠨᠳᠡ ᠲᠡᠨᠳᠡ ᠦᠭᠡᠢ ᠠᠰᠠᠵᠤ ᠠᠶᠠᠨ ᠵᠠᠮ ᠳ᠋ᠤ᠌ ᠶᠠᠳᠠᠷᠠᠭᠰᠠᠨ ᠴᠡᠷᠢᠭ ᠦ᠋ᠳ ᠲᠦᠷ ᠴᠦ᠍ ᠠᠲᠤᠭᠠᠢ ᠨᠣᠢᠷ ᠠᠪᠬᠤ ᠪᠠᠷ ᠴᠠᠳ ᠫᠠᠳ ᠬᠢᠨ ᠳᠤᠤᠭᠠᠷᠬᠤ ᠲᠦᠳᠡᠭ ᠦ᠋ᠨ ᠳᠡᠷᠭᠡᠳᠡ ᠳᠤᠭᠭᠢᠵᠤ ᠪᠠᠢᠯ᠎ᠠ᠃ ᠡᠨᠡ ᠦᠶ᠎ᠡ ᠳ᠋ᠦ᠍ ᠬᠥᠶᠦᠭ ᠬᠠᠭᠠᠨ ᠤᠷᠲᠤ ᠦᠷᠭᠦᠭᠡᠨ ᠳ᠋ᠡᠭᠡᠨ ᠲᠤᠬᠠᠯᠠᠨ ᠪᠠᠢᠪᠠ᠃ ᠬᠠᠭᠠᠨ ᠡᠵᠡᠨ ᠦ᠌ ᠬᠠᠵᠠᠭᠤ ᠳ᠋ᠤ᠌ ᠤᠭᠤᠯ ᠬᠠᠢᠮᠢᠱ ᠬᠠᠲᠤᠨ᠂ ᠡᠯᠵᠢᠭᠡᠳᠡᠢ᠂ ᠴᠢᠩᠭᠠᠢ ᠴᠢᠩᠰᠠᠩ ᠪᠣᠯᠤᠨ ᠴᠡᠷᠢᠭ ᠦ᠋ᠨ ᠵᠠᠩᠵᠤᠳ᠂ ᠮᠥᠨ ᠬᠠᠭᠠᠨ ᠤ᠋ ᠬᠦᠦ ᠬᠣᠵᠠ᠂ ᠨᠠᠭᠤ᠂ ᠴᠠᠭᠠᠲᠠᠢ ᠶ᠋ᠢᠨ ᠬᠦᠦ ᠬᠠᠷ᠎ᠠ ᠦᠯᠡᠬᠦ ᠨᠠᠷ ᠪᠠᠢᠪᠠ᠃ ᠲᠡᠳᠡᠨ ᠦ᠌ ᠴᠢᠷᠠᠢ ᠳ᠋ᠧᠩ ᠦ᠋ᠨ ᠭᠡᠷᠡᠯ ᠳ᠋ᠦ᠍ ᠰᠦᠮᠡᠯᠵᠡᠨ ᠬᠠᠷᠠᠭᠳᠠᠵᠤ᠂ ᠴᠢᠨᠠᠭᠰᠠᠨ ᠮᠢᠬ᠎ᠠ ᠲᠠᠯᠪᠢᠭᠰᠠᠨ ᠮᠥᠩᠭᠥᠨ ᠴᠠᠷ᠎ᠠ ᠶ᠋ᠢᠨ ᠪᠤᠯᠤᠩ ᠭᠠᠯ ᠤ᠋ᠨ ᠭᠡᠷᠡᠯ ᠳ᠋ᠦ᠍ ᠤᠯᠠᠢᠨ ᠦᠵᠡᠭᠳᠡᠨ᠎ᠡ᠃ ᠬᠥᠶᠦᠭ ᠬᠠᠭᠠᠨ ᠦᠷᠭᠦᠭᠡᠨ ᠳ᠋ᠦ᠍ ᠴᠤᠭᠯᠠᠭᠰᠠᠨ ᠣᠯᠠᠨ ᠳ᠋ᠤ᠌ ᠬᠠᠨᠳᠤᠨ᠂
   — ᠭᠡᠨᠡᠳᠡᠭᠦᠯᠦᠨ ᠴᠣᠬᠢᠬᠤ ᠲᠥᠯᠥᠪᠯᠡᠭᠡ ᠨᠤᠷᠠᠵᠤ᠂ ᠪᠠᠲᠤ ᠬᠠᠭᠠᠨ ᠪᠢᠳᠡᠨ ᠦ᠌ ᠥᠭᠡᠳᠡ ᠡᠴᠡ ᠶᠡᠬᠡ ᠴᠡᠷᠢᠭ ᠢ᠋ᠶ᠋ᠡᠨ ᠠᠪᠤᠨ ᠭᠠᠷᠴᠠᠢ ᠭᠡᠰᠡᠨ ᠲᠤᠷᠰᠢᠭᠤᠯ ᠤ᠋ᠨ ᠬᠡᠯᠡ ᠢᠷᠡᠯ᠎ᠡ᠃ ᠬᠡᠵᠢᠶ᠎ᠡ ᠮᠥᠳᠳᠥ ᠦᠭᠡᠢ ᠲᠤᠯᠤᠨ ᠢᠷᠡᠬᠦ ᠲᠡᠭᠦᠨ ᠦ᠌ ᠴᠡᠷᠢᠭ ᠦ᠋ᠳ ᠢ ᠪᠢᠳᠡ ᠵᠣᠷᠢᠨ ᠣᠴᠢᠬᠤ ᠪᠤᠰᠤ᠂ ᠲᠡᠳᠡ ᠪᠢᠳᠡᠨ ᠢ ᠴᠢᠭᠯᠡᠨ ᠢᠷᠡᠵᠦ ᠶᠠᠪᠤᠨ᠎ᠠ᠃ ᠲᠡᠢᠮᠦ ᠡᠴᠡ ᠶᠡᠬᠡ ᠴᠡᠷᠢᠭ᠂ ᠬᠥᠮᠦᠨ ᠬᠦᠴᠦ᠂ ᠮᠠᠯ ᠠᠬᠤᠢ ᠪᠠᠨ ᠠᠮᠠᠷᠠᠭᠠᠵᠤ᠂ ᠲᠡᠩᠬᠡᠯ ᠠᠪᠠᠬᠠᠭᠤᠯᠤᠭᠠᠳ ᠡᠨᠳᠡ ᠪᠡᠨ ᠬᠦᠯᠢᠶᠡᠵᠦ ᠲᠣᠰᠣᠨ ᠳᠠᠢᠳᠤᠪᠠᠯ ᠶᠠᠮᠠᠷ ᠪᠣᠢ ᠭᠡᠮᠡᠨ ᠠᠰᠠᠭᠤᠯ᠎ᠠ᠃ ᠣᠯᠠᠨ ᠨᠣᠶᠠᠳ ᠤ᠋ᠨ ᠳᠤᠮᠳᠠ ᠡᠴᠡ ᠴᠢᠩᠭᠠᠢ ᠴᠢᠩᠰᠠᠩ᠄
   — ᠡᠨᠡ ᠭᠠᠵᠠᠷ ᠶᠡᠬᠡ ᠡᠯᠡᠰᠦ ᠲᠡᠢ ᠲᠤᠯᠠ ᠲᠤᠯᠤᠯᠳᠤᠬᠤ ᠳ᠋ᠤ᠌ ᠠᠮᠠᠷ ᠦᠭᠡᠢ ᠪᠣᠯᠪᠠ ᠤᠤ᠂ ᠥᠷᠯᠥᠭᠡ ᠡᠷᠲᠡᠯᠡᠨ ᠬᠥᠳᠡᠯᠵᠦ᠂ ᠨᠤᠲᠤᠭ ᠰᠢᠨᠵᠢᠨ ᠳᠠᠢᠳᠤᠬᠤ ᠳ᠋ᠤ᠌ ᠲᠠᠭᠠᠲᠠᠢ ᠭᠠᠵᠠᠷ ᠢ ᠰᠣᠩᠭᠣᠭᠠᠳ ᠲᠡᠨᠳᠡ ᠪᠡᠨ ᠲᠣᠰᠣᠨ ᠬᠦᠯᠢᠶᠡᠶ᠎ᠡ ᠭᠡᠵᠦ ᠬᠡᠯᠡᠪᠡ᠃ ᠬᠠᠭᠠᠨ ᠤ᠋ ᠨᠡᠭᠦᠳᠡᠯ ᠦ᠋ᠨ ᠣᠷᠳᠣᠨ ᠳ᠋ᠤ᠌ ᠴᠤᠭᠯᠠᠭᠰᠠᠨ ᠣᠯᠠᠨ ᠴᠢᠩᠭᠠᠢ ᠴᠢᠩᠰᠠᠩ ᠤ᠋ᠨ ᠦᠭᠡ ᠶ᠋ᠢ ᠳᠠᠮᠵᠢᠨ《ᠳᠠᠢᠳᠤᠬᠤ ᠳ᠋ᠤ᠌ ᠲᠣᠬᠢᠷᠠᠮᠵᠢᠲᠠᠢ ᠭᠠᠵᠠᠷ ᠢ ᠰᠣᠩᠭᠣᠨ ᠬᠦᠯᠢᠶᠡᠬᠦ ᠨᠢ ᠵᠥᠪ》 ᠭᠡᠮᠡᠨ ᠬᠡᠯᠡᠯᠴᠡᠭᠡᠳ ᠲᠦᠷ ᠴᠦ᠍ ᠠᠲᠤᠭᠠᠢ ᠨᠣᠢᠷ ᠠᠪᠴᠤ ᠠᠮᠠᠷᠠᠬᠤ ᠪᠠᠷ ᠭᠠᠷᠴᠠᠭᠠᠯ᠎ᠠ᠃ ᠦᠷᠭᠦᠭᠡᠨ ᠳ᠋ᠡᠭᠡᠨ ᠦᠯᠡᠳᠡᠭᠰᠡᠨ ᠬᠥᠶᠦᠭ ᠬᠠᠭᠠᠨ ᠤᠭᠤᠯ ᠬᠠᠢᠮᠢᠱ ᠶᠡᠬᠡ ᠬᠠᠲᠤᠨ ᠳ᠋ᠤ᠌ ᠬᠠᠨᠳᠤᠨ ᠰᠡᠳᠬᠢᠯ ᠴᠢᠯᠡᠭᠡᠨ ᠪᠠᠢᠭ᠎ᠠ ᠪᠣᠯᠤᠯᠲᠠᠢ ᠥᠩᠭᠡ ᠪᠡᠷ᠂
   — ᠨᠤᠲᠤᠭ ᠡᠴᠡ ᠭᠠᠷᠬᠤ ᠳ᠋ᠠᠭᠠᠨ ᠪᠣᠳᠣᠭᠰᠠᠨ ᠪᠣᠳᠣᠯ ᠮᠢᠨᠢ ᠵᠠᠮ ᠤ᠋ᠨ ᠲᠤᠷᠰᠢ ᠠᠯᠭᠤᠷ ᠢ᠋ᠶ᠋ᠠᠷ ᠥᠭᠡᠷᠡᠴᠢᠯᠡᠭᠳᠡᠨ ᠪᠠᠢᠬᠤ ᠰᠢᠭ᠋ ᠬᠡᠮᠡᠪᠡ᠃ ᠤᠭᠤᠯ ᠬᠠᠢᠮᠢᠱ ᠬᠠᠭᠠᠨ ᠤ᠋ ᠦᠭᠡ ᠶ᠋ᠢ ᠰᠣᠨᠣᠰᠤᠭᠠᠳ᠂
   — ᠬᠥᠮᠦᠨ ᠦ᠌ ᠪᠣᠳᠣᠯ ᠰᠠᠨᠠᠭ᠎ᠠ ᠥᠭᠡᠷᠡᠴᠢᠯᠡᠭᠳᠡᠬᠦ ᠨᠢ ᠪᠣᠢ᠂ ᠭᠡᠪᠡᠴᠦ ᠬᠠᠭᠠᠨ ᠡᠵᠡᠨ ᠦ᠌ ᠪᠣᠳᠣᠯ ᠰᠠᠨᠠᠭ᠎ᠠ ᠶᠠᠭᠤ ᠪᠠᠢᠭᠰᠠᠨ᠂ ᠶᠠᠭᠠᠬᠢᠭᠠᠳ ᠥᠭᠡᠷᠡᠴᠢᠯᠡᠭᠳᠡᠭᠰᠡᠨ ᠪᠣᠯᠬᠤ ᠶ᠋ᠢ ᠬᠠᠲᠤᠨ ᠪᠢ ᠤᠬᠠᠵᠤ ᠦᠯᠦ ᠬᠦᠷᠦᠨ᠎ᠡ ᠭᠡᠪᠡ᠃ ᠭᠦᠶᠦᠭ᠄
   — ᠥᠨᠥ ᠪᠢ ᠴᠠᠭ ᠢ᠋ ᠡᠵᠡᠯᠡᠭᠰᠡᠨ ᠬᠠᠭᠠᠨ ᠠᠲᠠᠯ᠎ᠠ ᠶᠠᠭᠤ ᠳᠤᠲᠠᠪᠠ ᠭᠡᠵᠦ ᠥᠪᠡᠷ ᠡᠴᠡ ᠪᠡᠨ ᠠᠰᠠᠭᠤᠬᠤ ᠳ᠋ᠤ᠌᠂ ᠳᠤᠲᠠᠭᠤ ᠶᠠᠭᠤᠮ᠎ᠠ ᠦᠭᠡᠢ ᠭᠡᠵᠦ ᠬᠠᠷᠢᠭᠤᠯᠤᠭᠳᠠᠬᠤ ᠰᠢᠭ᠋ ᠰᠠᠨᠠᠭᠳᠠᠬᠤ ᠶᠤᠮ᠃ ᠡᠷᠲᠡᠨ ᠦ᠌ ᠦᠰ ᠢ᠋ ᠰᠠᠨᠠᠨ ᠵᠠᠮ ᠳ᠋ᠤ᠌ ᠭᠠᠷᠤᠭᠰᠠᠨ ᠨᠢ ᠮᠠᠭᠤ ᠬᠡᠷᠡᠭ ᠴᠤ ᠡᠵᠡᠨᠲᠦ ᠤᠯᠤᠰ ᠤ᠋ᠨ ᠢ᠋ᠶ᠋ᠠᠨ ᠭᠠᠵᠠᠷ ᠨᠤᠲᠤᠭ ᠢ᠋ ᠲᠡᠯᠡᠬᠦ ᠨᠢ ᠰᠠᠢᠨ ᠬᠡᠷᠡᠭ ᠭᠡᠵᠦ ᠰᠡᠳᠬᠢᠨ᠎ᠡ᠃ ᠭᠡᠪᠡᠴᠦ ᠬᠣᠯᠠ ᠵᠠᠮ ᠢ᠋ ᠲᠤᠭᠤᠯᠬᠤ ᠪᠦᠷᠢ ᠳᠣᠲᠣᠷ᠎ᠠ ᠡᠴᠡ ᠨᠢᠭᠡᠨ ᠵᠦᠢᠯ ᠴᠢᠩᠭᠠᠭᠠᠵᠤ ᠭᠣᠣᠯ ᠡᠴᠡ ᠲᠠᠲᠠᠬᠤ ᠰᠢᠭ᠋ ᠪᠣᠯᠵᠤ᠂ ᠰᠡᠳᠬᠢᠯ ᠲᠠᠪᠠ ᠦᠭᠡᠢᠳᠡᠬᠦ ᠶᠤᠮ᠃ ᠬᠠᠭᠠᠨ ᠡᠪᠦᠭᠡ ᠲᠡᠷᠡ ᠨᠢᠭᠡᠨ ᠵᠢᠯ ᠵᠥᠴᠢ ᠶ᠋ᠢᠨ ᠥᠭᠡᠳᠡ ᠡᠴᠡ ᠴᠡᠷᠢᠭᠯᠡᠨ ᠳᠠᠭᠠᠷᠢᠬᠤ ᠭᠡᠵᠦ ᠪᠠᠢᠭᠰᠠᠨ ᠴᠤ ᠵᠥᠴᠢ ᠮᠥᠩᠬᠡ ᠲᠩᠷᠢ ᠳ᠋ᠦ᠍ ᠣᠳᠤᠭᠰᠠᠨ ᠮᠡᠳᠡᠭᠡ ᠶ᠋ᠢ ᠳᠤᠭᠤᠯᠤᠭᠠᠳ ᠡᠨᠡᠯᠦᠨ ᠭᠠᠰᠢᠭᠤᠳᠠᠵᠤ ᠪᠠᠢᠭᠰᠠᠨ᠃ ᠬᠡᠳᠦᠢ ᠪᠠᠲᠤ ᠮᠢᠨᠦ ᠬᠦᠦ ᠪᠢᠰᠢ ᠴᠦ᠍ ᠠᠯᠲᠠᠨ ᠤᠷᠤᠭ ᠤ᠋ᠨ ᠠᠬᠠᠮᠠᠳ ᠬᠥᠮᠦᠨ ᠲᠤᠯᠠ ᠵᠠᠮ ᠬᠣᠷᠣᠬᠤ ᠪᠦᠷᠢ ᠲᠡᠭᠦᠨ ᠲᠡᠢ ᠬᠡᠷᠬᠢᠨ ᠨᠢᠭᠤᠷ ᠲᠤᠯᠬᠤ ᠪᠢᠯᠡ ᠭᠡᠮᠡᠨ ᠪᠣᠳᠣᠭᠳᠠᠬᠤ ᠪᠣᠯᠤᠯ᠎ᠠ ᠭᠡᠪᠡ᠃ ᠤᠭᠤᠯ ᠬᠠᠢᠮᠢᠱ ᠬᠠᠭᠠᠨ ᠤ᠋ ᠪᠠᠢᠷᠢ ᠪᠠᠢᠳᠠᠯ᠂ ᠬᠡᠯᠡᠵᠦ ᠪᠠᠢᠭ᠎ᠠ ᠦᠭᠡ ᠶ᠋ᠢ ᠲᠤᠩᠭᠠᠨ᠂
   — ᠴᠢᠩᠭᠢᠰ ᠬᠠᠭᠠᠨ ᠤ᠋ ᠵᠠᠷᠯᠢᠭ ᠲᠤ ᠣᠯᠠᠨ ᠬᠥᠮᠦᠨ ᠬᠦᠴᠦᠲᠡᠢ᠂ ᠭᠦᠨ ᠤᠰᠤᠨ ᠡᠴᠡ ᠠᠶᠤᠲᠤᠭᠠᠢ ᠭᠡᠰᠡᠨ ᠦᠭᠡ ᠪᠣᠢ᠃ ᠤᠷᠲᠤ ᠵᠠᠮ ᠬᠥᠮᠦᠨ ᠳ᠋ᠦ᠍ ᠶᠡᠬᠡ ᠶ᠋ᠢ ᠪᠣᠳᠣᠬᠤ ᠡᠷᠬᠡ ᠴᠢᠯᠥᠭᠡ ᠶ᠋ᠢ ᠥᠭᠳᠡᠭ ᠪᠠᠢᠵᠤ ᠪᠣᠯᠬᠤ ᠶᠤᠮ᠃ ᠬᠠᠭᠠᠨ ᠡᠵᠡᠨ ᠳᠠᠬᠢᠨ ᠰᠠᠢᠨ ᠪᠣᠳᠣᠵᠤ ᠲᠤᠩᠭᠠᠨ᠎ᠠ ᠪᠢᠵᠡ ᠭᠡᠮᠡᠨ ᠬᠡᠯᠡᠯ᠎ᠡ᠃ ᠭᠦᠶᠦᠭ ᠬᠠᠭᠠᠨ᠂
   — ᠤᠷᠲᠤ ᠵᠠᠮ ᠭᠡᠳᠡᠭ ᠨᠢ ᠲᠤᠭᠤᠯᠤᠭᠰᠠᠨ ᠵᠠᠮ ᠡᠴᠡ ᠭᠠᠳᠠᠨ᠎ᠠ ᠲᠡᠨᠳᠡ ᠡᠴᠡ ᠡᠨᠡ ᠬᠦᠷᠦᠭᠰᠡᠨ ᠠᠮᠢᠳᠤᠷᠠᠯ ᠤ᠋ᠨ ᠵᠠᠮ ᠢ ᠬᠡᠯᠡᠬᠦ ᠪᠢᠵᠡ᠃ ᠬᠠᠲᠤᠨ ᠴᠢ ᠨᠠᠳᠠ ᠳ᠋ᠤ᠌ ᠦᠨᠡᠨ ᠢ᠋ ᠰᠠᠨᠠᠭᠤᠯᠤᠨ ᠬᠡᠯᠡᠯ᠎ᠡ᠃ ᠡᠨᠡ ᠤᠷᠲᠤ ᠵᠠᠮ ᠨᠠᠳᠠ ᠳ᠋ᠤ᠌ ᠶᠡᠬᠡ ᠶ᠋ᠢ ᠪᠣᠳᠣᠭᠤᠯᠤᠭᠰᠠᠨ ᠪᠣᠯᠤᠯᠲᠠᠢ᠃ ᠳᠠᠬᠢᠨ ᠨᠢᠭᠡ ᠲᠤᠩᠭᠠᠨ ᠪᠣᠳᠣᠵᠤ ᠦᠵᠡᠶ᠎ᠡ᠃ ᠭᠠᠭᠴᠠᠭᠠᠷ ᠢ᠋ᠶ᠋ᠠᠨ ᠪᠠᠢᠬᠤ ᠬᠡᠷᠡᠭ ᠲᠡᠢ ᠪᠠᠢᠨ᠎ᠠ᠃ ᠬᠠᠲᠤᠨᠲᠠᠨ ᠦᠷᠭᠦᠭᠡᠨ ᠳ᠋ᠡᠭᠡᠨ ᠪᠠᠷᠠᠯᠬᠠᠵᠤ ᠡᠨᠡ ᠰᠥᠨᠢ ᠠᠮᠠᠷᠠᠨ᠎ᠠ ᠤᠤ? ᠭᠡᠮᠡᠨ ᠬᠡᠯᠡᠭᠡᠳ ᠬᠠᠲᠤᠨ ᠢ᠋ᠶ᠋ᠠᠨ ᠭᠠᠷᠭᠠᠵᠤ ᠤᠨᠲᠠᠬᠤ ᠪᠠᠷ ᠬᠡᠪᠲᠡᠯ᠎ᠡ᠃
   ᠰᠠᠮᠠᠷᠺᠠᠨᠳ᠋ ᠦ᠋ᠨ ᠣᠷᠴᠢᠮ ᠳ᠋ᠤ᠌ ᠪᠢᠱᠪᠠᠯᠢᠺ ᠡᠴᠡ ᠲᠠᠪᠤᠨ ᠬᠣᠨᠣᠭ ᠤ᠋ᠨ ᠭᠠᠵᠠᠷ ᠲᠤ ᠡᠨᠡ ᠰᠥᠨᠢ ᠪᠠᠲᠤ ᠬᠠᠭᠠᠨ ᠤ᠋ ᠶᠡᠬᠡ ᠴᠡᠷᠢᠭ ᠦ᠋ᠳ ᠲᠦᠷ ᠪᠠᠭᠤᠳᠠᠯᠯᠠᠭᠰᠠᠨ ᠪᠠᠢᠪᠠ᠃ ᠦᠨᠳᠦᠰᠦᠨ ᠳ᠋ᠡᠭᠡᠨ ᠭᠦᠶᠦᠭ ᠪᠠᠲᠤ ᠬᠣᠶᠠᠷ ᠤ᠋ᠨ ᠶᠡᠬᠡ ᠴᠡᠷᠢᠭ ᠲᠤᠯᠬᠤ ᠳ᠋ᠤ᠌ ᠬᠣᠶᠠᠷᠬᠠᠨ ᠬᠣᠨᠣᠭ ᠤ᠋ᠨ ᠭᠠᠵᠠᠷ ᠦᠯᠡᠳᠡᠵᠡᠢ᠃ ᠲᠠᠯ᠎ᠠ ᠶ᠋ᠢᠨ ᠳᠤᠮᠳᠠ ᠤᠯᠠᠯᠵᠠᠬᠤ  ᠣᠯᠠᠨ ᠲᠦᠳᠡᠭ ᠦ᠋ᠨ ᠳᠤᠮᠳᠠ ᠪᠠᠲᠤ ᠬᠠᠭᠠᠨ ᠦᠷᠭᠦᠭᠡᠨ ᠦ᠌ ᠪᠡᠨ ᠭᠠᠳᠠᠭ᠎ᠠ ᠰᠦᠪᠡᠭᠡᠳᠡᠢ ᠵᠠᠩᠵᠤᠨ ᠤ᠋ ᠬᠠᠮᠲᠤ ᠪᠠᠷ ᠰᠥᠨᠢ ᠶ᠋ᠢᠨ ᠲᠩᠷᠢ ᠶ᠋ᠢ ᠠᠵᠢᠭᠯᠠᠨ ᠵᠣᠭᠰᠣᠨ᠎ᠠ᠃ ᠲᠩᠷᠢ ᠴᠡᠯᠮᠡᠭ ᠰᠥᠨᠢ ᠣᠳᠣᠳ ᠣᠢᠷᠠᠲᠤᠨ ᠢᠷᠡᠭᠰᠡᠨ ᠮᠡᠲᠦ ᠲᠣᠳᠣᠬᠠᠨ ᠬᠠᠷᠠᠭᠳᠠᠨ᠎ᠠ᠃ ᠪᠠᠲᠤ ᠬᠠᠭᠠᠨ ᠰᠥᠨᠢ ᠶ᠋ᠢᠨ ᠲᠩᠷᠢ ᠶ᠋ᠢ ᠠᠵᠢᠭᠯᠠᠨ ᠵᠣᠭᠰᠣᠬᠤ ᠳ᠋ᠠᠭᠠᠨ᠂
   — ᠮᠥᠩᠬᠡ ᠲᠩᠷᠢ ᠥᠷᠥᠰᠢᠶᠡ ᠭᠡᠮᠡᠨ ᠵᠥᠭᠡᠯᠡᠨ ᠬᠡᠯᠡᠬᠦ ᠨᠢ ᠰᠦᠪᠡᠭᠡᠳᠡᠢ ᠪᠠᠭᠠᠲᠤᠷ ᠲᠤ ᠰᠣᠨᠣᠰᠤᠭᠳᠠᠯ᠎ᠠ᠃ ᠠᠯᠲᠠᠨ ᠣᠷᠳᠣᠨ ᠤ᠋ ᠤᠯᠤᠰ ᠠ᠋ᠴᠠ ᠪᠠᠨ ᠶᠡᠬᠡ ᠴᠡᠷᠢᠭ ᠢ᠋ᠶ᠋ᠡᠨ ᠠᠪᠤᠨ ᠭᠠᠷᠬᠤ ᠳ᠋ᠠᠭᠠᠨ ᠰᠡᠳᠬᠢᠯ ᠬᠦᠨᠳᠦᠬᠡᠨ ᠪᠠᠢᠭᠰᠠᠨ ᠪᠠᠲᠤ ᠬᠠᠭᠠᠨ ᠤ᠋ ᠡᠪᠴᠢᠭᠦᠨ ᠴᠠᠭᠠᠨ᠎ᠠ ᠶᠠᠮᠠᠷᠬᠠᠨ ᠭᠤᠨᠢᠭ ᠨᠢᠭᠤᠭᠳᠠᠨ ᠪᠠᠢᠭ᠎ᠠ ᠶ᠋ᠢ ᠰᠦᠪᠡᠭᠡᠳᠡᠢ ᠪᠠᠭᠠᠲᠤᠷ ᠮᠡᠳᠡᠷᠡᠵᠦ ᠪᠠᠢᠯ᠎ᠠ᠃ ᠡᠨᠡ ᠬᠣᠶᠠᠷ ᠬᠥᠮᠦᠨ ᠣᠯᠠᠨ ᠵᠢᠯ ᠦ᠋ᠨ ᠲᠤᠷᠰᠢᠳᠠ ᠬᠠᠮᠲᠤ ᠪᠠᠢᠵᠤ᠂ ᠣᠯᠠᠨ ᠲᠡᠢᠨ ᠳ᠋ᠦ᠍ ᠣᠷᠣᠯᠴᠠᠵᠤ ᠶᠠᠪᠤᠭᠰᠠᠨ ᠤᠷᠲᠤ ᠲᠡᠦᠬᠡ ᠲᠡᠢ᠃ ᠪᠠᠲᠤ ᠳ᠋ᠤ᠌ ᠰᠦᠪᠡᠭᠡᠳᠡᠢ ᠪᠠᠭᠠᠲᠤᠷ ᠲᠩᠷᠢ ᠳ᠋ᠦ᠍ ᠣᠳᠤᠭᠰᠠᠨ ᠡᠴᠢᠭᠡ ᠶ᠋ᠢᠨ ᠬᠢᠨᠢ ᠣᠷᠣᠨ ᠳ᠋ᠤ᠌ ᠢᠷᠡᠭᠰᠡᠨ ᠨᠢᠭᠡᠨ ᠮᠡᠲᠦ ᠰᠠᠨᠠᠭᠳᠠᠬᠤ ᠦᠶ᠎ᠡ ᠪᠣᠢ᠃ ᠲᠡᠷᠡ ᠨᠢᠭᠡᠨ ᠡᠳᠦᠷ ᠠᠬᠠᠮᠠᠳ ᠬᠥᠪᠡᠭᠦᠳ ᠦ᠋ᠨ ᠠᠶᠠᠨ ᠲᠡᠢᠨ ᠢ᠋ ᠠᠬᠠᠯᠠᠨ ᠶᠠᠪᠤᠬᠤ ᠡᠭᠦᠷᠭᠡ ᠶ᠋ᠢ ᠥᠭᠡᠳᠡᠢ ᠬᠠᠭᠠᠨ ᠡᠴᠡ ᠠᠪᠤᠭᠰᠠᠨ ᠤ᠋ ᠳᠠᠷᠠᠭ᠎ᠠ ᠰᠤᠷᠬᠠᠭᠲᠠᠨᠢ ᠬᠠᠲᠤᠨ ᠲᠡᠭᠦᠨ ᠳ᠋ᠦ᠍ ᠰᠦᠪᠡᠭᠡᠳᠡᠢ ᠪᠠᠭᠠᠲᠤᠷ ᠢ᠋ ᠥᠪᠡᠷ ᠦ᠋ᠨ ᠵᠠᠩᠵᠤᠨ ᠢ᠋ᠶ᠋ᠠᠷ ᠠᠪᠴᠤ ᠶᠠᠪᠤᠬᠤ ᠶ᠋ᠢ ᠵᠥᠪᠯᠡᠵᠦ ᠪᠠᠢᠭᠰᠠᠨ᠃ ᠠᠯᠳᠠᠭ᠎ᠠ ᠤᠨᠤᠭ᠎ᠠ ᠠᠯᠢᠨ ᠪᠦᠬᠦᠨ ᠢ᠋ ᠨᠢ ᠬᠠᠷᠠᠵᠤ ᠴᠢᠩ ᠰᠡᠳᠬᠢᠯ ᠡᠴᠡ ᠪᠡᠨ ᠬᠡᠯᠡᠵᠦ  ᠵᠥᠪᠳᠡᠵᠦ ᠪᠠᠢᠳᠠᠭ ᠡᠨᠡ ᠬᠥᠮᠦᠨ ᠨᠠᠰᠤ ᠳᠡᠭᠡᠷ᠎ᠡ ᠭᠠᠷᠤᠭᠰᠠᠨ ᠴᠤ ᠥᠨᠥ ᠪᠠᠲᠤ ᠶ᠋ᠢ ᠥᠮᠥᠭᠯᠡᠬᠦ ᠪᠡᠷ ᠵᠠᠮ ᠳ᠋ᠤ᠌ ᠭᠠᠷᠴᠠᠢ᠃ ᠰᠦᠪᠡᠭᠡᠳᠡᠢ ᠪᠠᠭᠠᠲᠤᠷ ᠴᠤ ᠮᠥᠨ ᠰᠡᠳᠬᠢᠯ ᠬᠥᠨᠳᠡᠭᠦᠷ ᠪᠠᠢᠭ᠎ᠠ ᠨᠢ ᠢᠯᠡᠳᠲᠡ᠃ ᠪᠠᠲᠤ ᠶ᠋ᠢᠨ ᠠᠳᠠᠯᠢ ᠮᠥᠩᠬᠡ ᠲᠩᠷᠢ ᠶ᠋ᠢ ᠰᠢᠷᠲᠡᠨ ᠵᠣᠭᠰᠣᠨ᠎ᠠ᠃ ᠬᠠᠵᠠᠭᠤ ᠳ᠋ᠤᠨᠢ ᠵᠣᠭᠰᠣᠬᠤ ᠪᠠᠲᠤ ᠬᠠᠭᠠᠨ᠄
   — ᠣᠯᠠᠨ ᠳᠣᠯᠣᠭᠠᠨ ᠳ᠋ᠤ᠌ ᠣᠷᠣᠵᠤ᠂ ᠢᠯᠠᠯᠲᠠ ᠢᠯᠠᠭᠳᠠᠯ ᠤ᠋ᠨ ᠳᠤᠮᠳᠠᠭᠤᠷ ᠶᠠᠪᠤᠵᠤ ᠪᠠᠢᠬᠤ ᠳ᠋ᠠᠭᠠᠨ ᠰᠡᠳᠬᠢᠯ ᠢᠩᠭᠢᠵᠦ ᠬᠥᠨᠳᠡᠭᠦᠷᠯᠡᠵᠦ ᠪᠠᠢᠭᠰᠠᠨ ᠤᠳᠠᠭ᠎ᠠ ᠦᠭᠡᠢ ᠰᠠᠨ᠃ ᠥᠨᠥ ᠪᠢ ᠦᠰ ᠡᠪᠦᠷᠯᠡᠨ ᠢᠷᠡᠬᠦ ᠳᠡᠭᠦᠦ ᠶ᠋ᠢᠨ ᠡᠮᠦᠨ᠎ᠡ ᠡᠴᠡ ᠭᠠᠷᠤᠯ᠎ᠠ᠃ ᠲᠡᠳᠡᠨ ᠢ᠋ ᠳᠠᠷᠤᠨ᠎ᠠ ᠭᠡᠳᠡᠭ ᠢ᠋ ᠪᠢ ᠮᠡᠳᠡᠵᠦ ᠪᠠᠢᠨ᠎ᠠ᠃ ᠭᠡᠪᠡᠴᠦ᠁ ᠪᠠᠲᠤ ᠴᠢᠮᠡᠭᠡ ᠦᠭᠡᠢ ᠪᠣᠯᠪᠠ᠃ ᠰᠦᠪᠡᠭᠡᠳᠡᠢ ᠪᠠᠭᠠᠲᠤᠷ ᠶᠠᠭᠤᠮ᠎ᠠ ᠬᠡᠯᠡᠭᠰᠡᠨ ᠦᠭᠡᠢ᠂ ᠬᠣᠶᠠᠭᠤᠯᠠ ᠬᠡᠰᠡᠭ ᠳᠠᠭᠤ ᠦᠭᠡᠢ ᠵᠣᠭᠰᠣᠯ᠎ᠠ᠃ ᠲᠡᠷᠡ ᠰᠠᠶᠢ ᠠᠮᠠ ᠨᠡᠭᠡᠭᠡᠵᠦ ᠪᠠᠲᠤ ᠶ᠋ᠢᠨ ᠵᠦᠭ ᠬᠠᠷᠠᠨ᠂
    — ᠶᠡᠬᠡ ᠡᠵᠡᠨ ᠬᠠᠭᠠᠨ ᠥᠪᠡᠷ ᠦ᠋ᠨ ᠡᠴᠢᠭᠡ ᠨᠢᠭᠡᠲᠡᠢ ᠳᠡᠭᠦᠦ ᠪᠡᠭᠲᠡᠷ ᠢ᠋ ᠬᠠᠷᠪᠤᠨ ᠠᠯᠠᠬᠤ ᠳ᠋ᠠᠭᠠᠨ ᠰᠡᠳᠬᠢᠯ ᠨᠢ ᠡᠪᠡᠳᠦᠨ ᠬᠥᠨᠳᠡᠭᠦᠷᠯᠡᠵᠦ ᠪᠠᠢᠭᠰᠠᠨ ᠲᠤᠬᠠᠢ ᠪᠠᠨ ᠨᠠᠳᠠ ᠳ᠋ᠤ᠌ ᠶᠠᠷᠢᠵᠤ ᠪᠠᠢᠭᠰᠠᠨ᠃ ᠭᠡᠪᠡᠴᠦ ᠨᠢᠭᠡ ᠵᠦᠢᠯ ᠦᠭᠡᠢ ᠪᠣᠯᠬᠤ ᠳ᠋ᠤ᠌ ᠨᠥᠭᠦᠭᠡ ᠵᠦᠢᠯ ᠢᠷᠡᠵᠦ ᠪᠠᠢᠳᠠᠭ ᠦᠨᠡᠨ ᠢ᠋ ᠤᠬᠠᠭᠠᠷᠠᠭᠰᠠᠨ ᠬᠡᠷᠡᠭ᠃ ᠬᠡᠷᠪᠡ ᠪᠡᠭᠲᠡᠷ ᠦᠭᠡᠢ ᠪᠣᠯᠤᠭ᠎ᠠ ᠦᠭᠡᠢ ᠪᠣᠯ ᠡᠪᠦᠭᠡ ᠬᠠᠭᠠᠨ ᠬᠡᠵᠢᠶ᠎ᠡ ᠨᠢᠭᠡᠨ ᠴᠠᠭ ᠲᠤ᠌ ᠦᠭᠡᠢ ᠪᠣᠯᠬᠤ ᠪᠠᠢᠭᠰᠠᠨ ᠪᠢᠵᠡ ᠭᠡᠮᠡᠨ ᠬᠡᠯᠡᠯ᠎ᠡ᠃
   《ᠰᠦᠪᠡᠭᠡᠳᠡᠢ ᠪᠠᠭᠠᠲᠤᠷ ᠡᠭᠡᠯ ᠭᠠᠷᠤᠯ ᠲᠠᠢ ᠨᠢᠭᠡᠨ ᠠᠲᠠᠯ᠎ᠠ ᠥᠪᠡᠷ ᠦ᠋ᠨ ᠡᠷ᠎ᠡ ᠵᠣᠷᠢᠭ ᠤ᠋ᠨ ᠬᠦᠴᠦ ᠪᠡᠷ ᠶᠡᠬᠡ ᠬᠠᠭᠠᠨ ᠤ᠋ ᠵᠠᠩᠵᠤᠨ ᠪᠣᠯᠵᠤ ᠡᠨᠡ ᠬᠦᠷᠲᠡᠯ᠎ᠡ ᠶᠠᠪᠤᠭᠰᠠᠨ ᠬᠥᠮᠦᠨ ᠲᠤᠯᠠ᠂ ᠠᠮᠢᠳᠤᠷᠠᠯ ᠢ ᠲᠡᠮᠡᠴᠡᠯ ᠭᠡᠵᠦ ᠬᠠᠷᠠᠳᠠᠭ ᠪᠢᠵᠡ ᠠ᠋ 》 ᠭᠡᠮᠡᠨ ᠪᠠᠲᠤ ᠪᠣᠳᠣᠭᠠᠳ᠂
   — ᠠᠮᠢᠳᠤᠷᠠᠯ ᠪᠣᠯ ᠲᠡᠮᠡᠴᠡᠯ ᠬᠡᠳᠦᠢ ᠴᠦ᠍ ᠨᠠᠳᠠ ᠳ᠋ᠤ᠌ ᠬᠥᠶᠦᠭ ᠦ᠋ᠨ ᠥᠭᠡᠳᠡ ᠡᠴᠡ ᠲᠡᠮᠡᠴᠡᠬᠦ ᠭᠡᠬᠦ ᠳ᠋ᠦ᠍ ᠰᠡᠳᠬᠢᠯ ᠮᠢᠨᠢ ᠬᠥᠨᠳᠡᠭᠦᠷᠯᠡᠨ ᠪᠠᠢᠬᠤ ᠶᠤᠮ ᠬᠡᠮᠡᠭᠡᠳ ᠳᠡᠭᠡᠷ᠎ᠡ ᠬᠥᠬᠡᠷᠡᠭᠴᠢ ᠰᠥᠨᠢ ᠶ᠋ᠢᠨ ᠲᠩᠷᠢ ᠶ᠋ᠢ ᠬᠠᠷᠠᠵᠤ᠂
   — ᠮᠥᠩᠬᠡ ᠲᠡᠭᠷᠢ ᠮᠢᠨᠢ ᠪᠢᠳᠡᠨ ᠢ᠋ ᠵᠣᠭᠰᠣᠭᠠᠭᠠᠴᠢ! ᠲᠠᠰᠤᠷᠠᠭᠰᠠᠨ ᠮᠢᠬ᠎ᠠ᠂ ᠦᠰᠦᠷᠦᠭᠰᠡᠨ ᠴᠢᠰᠤᠨ ᠤ᠋ ᠪᠠᠨ ᠡᠰᠡᠷᠭᠦ ᠤᠯᠠᠢᠷᠠᠨ ᠣᠷᠣᠬᠤ ᠡᠴᠡ ᠮᠢᠨᠢ ᠡᠮᠦᠨ᠎ᠡ ᠪᠢᠳᠡᠨ ᠢ᠋ ᠵᠣᠭᠰᠣᠭᠠᠭᠠᠴᠢ ᠭᠡᠮᠡᠨ ᠬᠡᠯᠡᠬᠦ ᠳ᠋ᠦ᠍ ᠲᠩᠷᠢ ᠶ᠋ᠢᠨ ᠣᠳᠣᠳ ᠲᠡᠳᠡᠨ ᠦ᠌ ᠳᠡᠭᠡᠷ᠎ᠡ ᠡᠴᠡ ᠴᠢᠮᠡᠭᠡ ᠠᠨᠢᠷ ᠦᠭᠡᠢ ᠠᠨᠢᠪᠴᠢᠨ ᠮᠡᠯᠲᠡᠭᠡᠨᠡᠬᠦ ᠬᠡᠳᠦᠢ ᠴᠦ᠍ ᠲᠡᠷᠲᠡᠭᠡ ᠬᠣᠯᠠ ᠳ᠋ᠤ᠌ ᠲᠩᠷᠢ ᠨᠦᠷᠭᠢᠯᠡᠨ ᠳᠤᠤᠭᠠᠷᠬᠤ ᠶᠡᠬᠡ ᠴᠢᠮᠡᠭᠡ ᠨᠠᠮ ᠭᠦᠮ ᠢ᠋ ᠢᠷᠡᠨ ᠰᠣᠨᠣᠰᠤᠭᠳᠠᠯ᠎ᠠ
<>
   ᠥᠷᠯᠥᠭᠡ ᠪᠣᠯᠵᠠᠢ᠃ ᠨᠠᠷᠠᠨ ᠤ᠋ ᠲᠤᠩᠭᠠᠯᠠᠭ ᠭᠡᠷᠡᠯ ᠶᠢᠷᠲᠢᠨᠴᠦ ᠶ᠋ᠢ ᠰᠦᠯᠡᠨ᠂ ᠲᠦᠮᠡᠨ ᠥᠩᠭᠡ ᠶ᠋ᠢ ᠨᠢᠳᠦᠨ ᠦ᠌ ᠡᠮᠦᠨ᠎ᠡ ᠲᠣᠳᠣᠷᠠᠭᠤᠯᠤᠨ᠂ ᠬᠥᠶᠦᠭ ᠬᠠᠭᠠᠨ ᠤ᠋ ᠨᠡᠭᠦᠳᠡᠯ ᠦ᠋ᠨ ᠣᠷᠳᠣᠨ ᠤ᠋ ᠭᠠᠳᠠᠭ᠎ᠠ ᠣᠯᠠᠨ ᠬᠥᠮᠦᠨ ᠴᠤᠭᠯᠠᠵᠠᠢ᠃ ᠲᠡᠷᠡ ᠨᠢᠭᠡᠨ ᠭᠠᠵᠠᠷ ᠲᠤ᠌ ᠤᠷᠢᠳ ᠰᠥᠨᠢ ᠮᠥᠩᠬᠡ ᠲᠡᠭᠷᠢ ᠶ᠋ᠢᠨ ᠳᠠᠭᠤᠳᠠᠯᠭ᠎ᠠ ᠢᠷᠡᠵᠦ᠂ ᠳᠠᠯᠠᠢ ᠶᠡᠬᠡ ᠬᠠᠭᠠᠨ ᠬᠥᠶᠦᠭ ᠦᠷᠭᠦᠭᠡᠨ ᠳ᠋ᠡᠭᠡᠨ ᠲᠠᠭᠠᠯᠠᠯ ᠲᠡᠭᠦᠰᠦᠭᠰᠡᠨ ᠪᠠᠢᠯ᠎ᠠ᠃ ᠳᠥᠴᠢᠨ ᠬᠣᠶᠠᠷ ᠨᠠᠰᠤ ᠰᠡᠭᠦᠳᠡᠷ ᠱᠦᠷᠭᠦᠵᠦ ᠪᠠᠢᠭᠰᠠᠨ᠂ ᠴᠠᠭ ᠢ᠋ ᠡᠵᠡᠯᠡᠭᠰᠡᠨ ᠶᠡᠬᠡ ᠬᠠᠭᠠᠨ ᠭᠦᠶᠦᠭ ᠢ᠋ ᠮᠥᠩᠬᠡ ᠲᠡᠭᠷᠢ ᠶᠠᠭᠠᠷᠠᠪᠴᠢᠯᠠᠨ ᠳᠠᠭᠤᠳᠠᠭᠤᠯᠤᠭᠰᠠᠨ ᠤ᠋ ᠤᠴᠢᠷ ᠰᠢᠯᠲᠠᠭᠠᠨ ᠢ᠋ ᠡᠰᠡ ᠣᠯᠪᠠ᠃ ᠰᠠᠨᠳᠤᠷᠴᠤ ᠮᠡᠭᠳᠡᠭᠰᠡᠨ ᠬᠥᠮᠦᠰ《ᠬᠠᠭᠠᠨ ᠡᠵᠡᠨ ᠡᠮᠦᠨᠡᠬᠢ ᠡᠳᠦᠷ ᠨᠢ ᠠᠩ ᠤ᠋ᠨ ᠬᠣᠣᠷᠯᠠᠯ ᠬᠦᠷᠲᠡᠵᠡᠢ》 ᠭᠡᠵᠦ ᠵᠠᠷᠢᠮ ᠨᠢ ᠶᠠᠷᠢᠵᠤ ᠪᠠᠢᠬᠤ ᠳ᠋ᠤ᠌ ᠬᠠᠭᠠᠨ ᠡᠵᠡᠨ ᠬᠣᠣᠷᠯᠠᠭᠳᠠᠵᠠᠢ᠂ ᠬᠠᠮᠤᠭ ᠤ᠋ᠨ ᠰᠡᠭᠦᠯ ᠳ᠋ᠦ᠍ ᠦᠷᠭᠦᠭᠡᠨ᠎ᠡ ᠬᠠᠲᠤᠨ ᠤ᠋ ᠪᠠᠨ ᠬᠠᠮᠲᠤ ᠦᠯᠡᠳᠡᠭᠰᠡᠨ ᠰᠠᠨ》 ᠭᠡᠮᠡᠨ ᠥᠭᠡᠷ᠎ᠡ ᠬᠡᠰᠡᠭ ᠬᠥᠮᠦᠰ ᠶᠠᠷᠢᠵᠤ ᠪᠠᠢᠯ᠎ᠠ᠃ ᠬᠠᠷᠢᠨ ᠠᠯᠲᠠᠨ ᠤᠷᠤᠭ ᠤ᠋ᠨ ᠬᠢᠨ ᠦ᠌ ᠳᠤᠮᠳᠠ ᠴᠢᠮᠡᠭᠡ ᠦᠭᠡᠢᠬᠡᠨ ᠳᠠᠷᠬᠠᠨ ᠪᠠᠢᠭ᠎ᠠ ᠨᠢᠭᠡᠨ ᠰᠡᠵᠢᠭ ᠪᠣᠯ《ᠠᠯᠲᠠᠨ ᠣᠷᠳᠣᠨ ᠤ᠋ ᠤᠯᠤᠰ ᠤ᠋ᠨ ᠪᠠᠲᠤ ᠬᠠᠭᠠᠨ ᠲᠡᠭᠦᠨ ᠢ᠋ ᠨᠢᠭᠤᠴᠠ ᠪᠠᠷ ᠮᠥᠩᠬᠡ ᠲᠩᠷᠢ ᠶ᠋ᠢᠨ ᠣᠷᠣᠨ᠎ᠠ ᠢᠯᠡᠭᠡᠭᠰᠡᠨ ᠪᠣᠯᠪᠠ ᠤᠤ?》ᠭᠡᠰᠡᠨ ᠠᠮᠠᠨ ᠲᠠᠭᠠᠮᠠᠭ ᠲᠠᠬᠤᠯ ᠮᠡᠲᠦ ᠲᠠᠷᠬᠠᠵᠤ ᠪᠠᠢᠪᠠ᠃ ᠭᠡᠪᠡᠴᠦ ᠥᠨᠥ ᠬᠢᠷᠢ ᠠᠯᠲᠠᠨ ᠣᠷᠳᠣᠨ ᠤ᠋ ᠤᠯᠤᠰ ᠲᠤ᠌ ᠰᠠᠭᠤᠭ᠎ᠠ ᠪᠠᠲᠤ ᠬᠠᠭᠠᠨ ᠢ᠋ ᠪᠤᠤ ᠬᠡᠯᠡ᠂ ᠲᠡᠭᠦᠨ ᠦ᠌ ᠠᠯᠪᠠᠲᠤ ᠨᠤᠭᠤᠳ ᠴᠤ ᠲᠡᠷᠡ ᠶᠡᠬᠡ ᠡᠯᠡᠰᠦᠨ ᠳᠤᠮᠳᠠ ᠦᠵᠡᠭᠳᠡᠭᠡ ᠦᠭᠡᠢ ᠶᠤᠮ᠃
   ᠮᠠᠭᠤ ᠮᠡᠳᠡᠭᠡ ᠰᠠᠢᠨ ᠠ᠋ᠴᠠ ᠪᠠᠨ ᠲᠦᠷᠦᠭᠦᠯᠡᠨ ᠢᠷᠡᠳᠡᠭ ᠬᠥᠮᠦᠨ ᠦ᠌ ᠬᠣᠷᠸ᠎ᠠ ᠲᠤᠯᠠ ᠪᠠᠲᠤ ᠬᠠᠭᠠᠨ ᠬᠥᠶᠦᠭ ᠬᠠᠭᠠᠨ ᠢ᠋ ᠮᠥᠩᠬᠡ ᠲᠩᠷᠢ ᠳ᠋ᠡᠭᠡᠨ ᠣᠳᠤᠭᠰᠠᠨ ᠮᠡᠳᠡᠭᠡ ᠶ᠋ᠢ ᠳᠤᠭᠤᠯᠤᠭᠠᠳ ᠨᠤᠲᠤᠭ ᠪᠤᠴᠠᠯ᠎ᠠ᠃
   ᠬᠡᠳᠦᠨ ᠬᠣᠨᠣᠭ ᠤ᠋ᠨ ᠳᠠᠷᠠᠭ᠎ᠠ ᠶᠡᠬᠡ ᠴᠡᠷᠢᠭ ᠬᠠᠭᠠᠨ ᠡᠵᠡᠨ ᠦ᠌ ᠪᠡᠨ ᠠᠮᠢ ᠦᠭᠡᠢ ᠪᠣᠯᠤᠭᠰᠠᠨ ᠡᠷᠳᠡᠨᠢᠲᠦ ᠪᠡᠶ᠎ᠡ ᠶ᠋ᠢ ᠰᠠᠮᠠᠷᠺᠠᠨᠳ᠋ ᠦ᠋ᠨ ᠣᠷᠴᠢᠮ ᠪᠤᠩᠬᠤᠯᠠᠨ ᠦᠯᠡᠳᠡᠭᠡᠯ᠎ᠡ᠃ ᠴᠠᠭ ᠤ᠋ᠨ ᠪᠠᠢᠳᠠᠯ ᠢ᠋ ᠬᠦᠯᠢᠶᠡᠯ ᠦᠭᠡᠢ ᠡᠬᠡ ᠨᠤᠲᠤᠭ ᠠ᠋ᠴᠠ ᠪᠠᠨ ᠶᠠᠭᠠᠷᠠᠨ ᠭᠠᠷᠤᠭᠰᠠᠨ ᠬᠥᠶᠦᠭ ᠬᠠᠭᠠᠨ ᠢ᠋ ᠡᠨᠡ ᠭᠠᠵᠠᠷ ᠲᠤ᠌ ᠮᠥᠩᠬᠡ ᠲᠩᠷᠢ ᠳᠠᠭᠤᠳᠠᠭᠤᠯᠤᠭᠰᠠᠨ ᠮᠡᠲᠦ ᠠᠪᠴᠤ ᠣᠳᠴᠠᠢ᠃ ᠭᠡᠨᠡᠳᠲᠡ  ᠶ᠋ᠢᠨ ᠣᠢ ᠭᠠᠰᠢᠭᠤ ᠶ᠋ᠢ ᠭᠡᠲᠦᠯᠦᠨ ᠪᠠᠢᠭ᠎ᠠ ᠤᠭᠤᠯ ᠬᠠᠢᠮᠢᠱ ᠬᠠᠲᠤᠨ ᠳ᠋ᠤ᠌ ᠬᠠᠮᠤᠭ ᠤ᠋ᠨ ᠰᠡᠭᠦᠯ ᠳ᠋ᠦ᠍ ᠬᠡᠯᠡᠭᠰᠡᠨ ᠬᠠᠭᠠᠨ ᠡᠵᠡᠨ ᠦ᠌ ᠦᠭᠡᠰ ᠪᠣᠳᠣᠭᠳᠠᠨ᠎ᠠ᠃《ᠨᠤᠲᠤᠭ ᠡᠴᠡ ᠭᠠᠷᠬᠤ ᠳ᠋ᠠᠭᠠᠨ ᠪᠣᠳᠣᠭᠰᠠᠨ ᠪᠣᠳᠣᠯ ᠮᠢᠨᠢ ᠵᠠᠮ ᠤ᠋ᠨ ᠲᠤᠷᠰᠢ ᠥᠭᠡᠷᠡᠴᠢᠯᠡᠭᠳᠡᠨ ᠪᠠᠢᠬᠤ ᠰᠢᠭ᠋᠂ ᠴᠠᠭ ᠢ᠋ ᠡᠵᠡᠯᠡᠭᠰᠡᠨ ᠬᠠᠭᠠᠨ ᠨᠠᠳᠠ ᠳ᠋ᠤ᠌ ᠶᠠᠭᠤ ᠳᠤᠲᠠᠨ᠎ᠠ ᠪᠣᠢ ᠭᠡᠵᠦ ᠥᠪᠡᠷ ᠡᠴᠡ ᠪᠡᠨ ᠠᠰᠠᠭᠤᠪᠠᠯ᠂ ᠶᠠᠭᠤ ᠴᠤ ᠳᠤᠲᠠᠭ᠎ᠠ ᠦᠭᠡᠢ ᠭᠡᠵᠦ ᠬᠠᠷᠢᠭᠤᠯᠬᠤ ᠰᠢᠭ᠋》ᠭᠡᠮᠡᠨ ᠬᠡᠯᠡᠵᠦ ᠪᠠᠢᠭᠰᠠᠨ ᠬᠠᠭᠠᠨ ᠤ᠋ ᠡᠨᠡ ᠦᠭᠡᠰ ᠰᠡᠳᠬᠢᠯ ᠵᠢᠷᠦᠬᠡᠨ ᠳᠣᠲᠣᠷ᠎ᠠ ᠡᠴᠡ ᠨᠢ ᠭᠠᠷᠤᠭᠰᠠᠨ ᠰᠡᠭᠦᠯᠴᠢ ᠶ᠋ᠢᠨ ᠦᠭᠡ ᠪᠠᠢᠵᠤ᠂ ᠡᠴᠦᠰ ᠦ᠋ᠨ ᠮᠥᠴᠡ ᠳ᠋ᠦ᠍ ᠤᠬᠠᠭᠠᠷᠠᠭᠰᠠᠨ ᠬᠡᠷᠡᠭ ᠪᠠᠢᠭᠰᠠᠨ ᠪᠢᠵᠡ ᠭᠡᠮᠡᠨ ᠪᠣᠳᠣᠵᠤ ᠪᠠᠢᠯ᠎ᠠ᠃ ᠲᠡᠷᠡ ᠪᠡᠷ ᠠᠯᠲᠠᠨ ᠣᠷᠳᠣᠨ ᠤ᠋ ᠤᠯᠤᠰ ᠤ᠋ᠨ ᠡᠵᠡᠨ ᠠᠯᠲᠠᠨ ᠤᠷᠤᠭ ᠤ᠋ᠨ ᠠᠬᠠᠮᠠᠳ ᠬᠥᠮᠦᠨ ᠪᠠᠲᠤ ᠬᠠᠭᠠᠨ ᠪᠣᠯᠤᠨ ᠰᠤᠷᠬᠠᠭᠲᠠᠨᠢ ᠬᠠᠲᠤᠨ ᠨᠠᠷ ᠲᠤ᠌ ᠡᠯᠴᠢ ᠳᠣᠪᠲᠣᠯᠭᠠᠨ ᠢᠯᠡᠭᠡᠵᠦ᠂ ᠣᠢ ᠭᠠᠰᠢᠭᠤᠲᠤ ᠮᠡᠳᠡᠭᠡ ᠶ᠋ᠢ ᠳᠣᠭᠣᠯᠭᠠᠯ᠎ᠠ᠃ ᠶᠠᠮᠠᠷ ᠨᠢᠭᠡᠨ ᠬᠡᠷᠡᠭ ᠶᠠᠪᠤᠳᠠᠯ ᠪᠣᠯᠬᠤ ᠳ᠋ᠤ᠌ ᠠᠬᠠᠮᠠᠳ ᠤ᠋ᠨ ᠦᠭᠡ ᠶ᠋ᠢ ᠲᠦᠷᠦᠭᠦᠯᠡᠵᠦ ᠰᠣᠨᠣᠰᠳᠠᠭ ᠲᠠᠯ᠎ᠠ ᠨᠤᠲᠤᠭ ᠤ᠋ᠨ ᠬᠥᠮᠦᠨ ᠦ᠌ ᠤᠬᠠᠭᠠᠨ ᠢ᠋ᠶ᠋ᠠᠷ ᠲᠡᠷᠡ ᠡᠯᠴᠢ ᠵᠠᠷᠤᠵᠠᠢ᠃ ᠡᠨᠡ ᠤᠯᠤᠰ ᠤ᠋ᠨ ᠴᠠᠭᠠᠰᠢ ᠬᠡᠷᠬᠢᠬᠦ ᠶ᠋ᠢ ᠥᠨᠥ ᠲᠩᠷᠢ ᠳ᠋ᠦ᠍ ᠣᠳᠤᠭᠰᠠᠨ ᠬᠥᠶᠦᠭ ᠬᠠᠭᠠᠨ ᠪᠤᠰᠤ᠂ ᠬᠠᠷᠢᠨ ᠬᠠᠭᠠᠨ ᠡᠵᠡᠨ ᠦ᠌ ᠴᠡᠷᠢᠭᠯᠡᠨ ᠳᠠᠷᠤᠬᠤ ᠪᠠᠷ ᠵᠣᠷᠢᠵᠤ ᠶᠠᠪᠤᠭᠰᠠᠨ ᠵᠥᠴᠢ ᠶ᠋ᠢᠨ ᠬᠦᠦ ᠪᠠᠲᠤ᠂ ᠠᠯᠲᠠᠨ ᠤᠷᠤᠭ ᠤ᠋ᠨ ᠠᠬᠠᠮᠠᠳ ᠪᠡᠷᠢ ᠰᠤᠷᠬᠠᠭᠲᠠᠨᠢ ᠨᠠᠷ ᠰᠢᠢᠳᠬᠦ ᠪᠣᠯᠤᠯ᠎ᠠ᠃
   ᠬᠡᠳᠦ ᠬᠣᠨᠣᠭ ᠤ᠋ᠨ ᠳᠠᠷᠠᠭ᠎ᠠ ᠤᠭᠤᠯ ᠬᠠᠢᠮᠢᠱ ᠬᠠᠲᠤᠨ ᠤ᠋ ᠦᠷᠭᠦᠭᠡᠨ ᠳ᠋ᠦ᠍ ᠪᠠᠲᠤ ᠬᠠᠭᠠᠨ ᠳ᠋ᠤ᠌ ᠶᠠᠪᠤᠭᠤᠯᠤᠭᠰᠠᠨ ᠡᠯᠴᠢ ᠡᠷᠭᠢᠨ ᠢᠷᠡᠭᠰᠡᠨ ᠪᠠᠢᠯ᠎ᠠ᠃ ᠲᠡᠷᠡ ᠡᠪᠦᠷ ᠠ᠋ᠴᠠ ᠪᠠᠨ ᠵᠠᠬᠢᠳᠠᠯ ᠭᠠᠷᠭᠠᠨ ᠬᠠᠲᠤᠨ ᠤ᠋ ᠡᠮᠦᠨᠡᠬᠢ ᠰᠢᠷᠡᠭᠡᠨ ᠳᠡᠭᠡᠷ᠎ᠡ ᠲᠠᠯᠪᠢᠭᠠᠳ ᠬᠣᠢᠰᠢ ᠤᠬᠤᠷᠢᠯ᠎ᠠ᠃ ᠤᠭᠤᠯ ᠬᠠᠶ᠋ᠢᠮᠢᠱ ᠬᠠᠲᠤᠨ ᠡᠯᠴᠢ ᠶ᠋ᠢ ᠭᠠᠷᠴᠤ ᠪᠣᠯᠬᠤ ᠶ᠋ᠢ ᠮᠡᠳᠡᠭᠳᠡᠭᠡᠳ᠂ ᠵᠠᠬᠢᠳᠠᠯ ᠢ᠋ ᠠᠪᠴᠤ ᠵᠠᠳᠠᠯᠤᠨ ᠤᠩᠰᠢᠪᠠ᠃《ᠬᠠᠭᠠᠨ ᠡᠵᠡᠨ ᠮᠥᠩᠬᠡ ᠲᠩᠷᠢ ᠳ᠋ᠦ᠍ ᠣᠳᠤᠭᠰᠠᠨ ᠶᠡᠬᠡ ᠣᠢ ᠭᠠᠰᠢᠭᠤ ᠶ᠋ᠢ ᠬᠤᠪᠢᠶᠠᠯᠴᠠᠵᠤ ᠪᠠᠢᠨ᠎ᠠ᠃ ᠲᠥᠷᠥ ᠡᠵᠡᠨ ᠦᠭᠡᠢ ᠪᠠᠢᠬᠤ ᠤᠴᠢᠷ ᠦᠭᠡᠢ ᠶ᠋ᠢᠨ ᠲᠤᠯᠠ ᠳᠠᠷᠠᠭ᠎ᠠ ᠶ᠋ᠢᠨ ᠬᠠᠭᠠᠨ ᠡᠵᠡᠨ ᠰᠢᠷᠡᠭᠡᠨ ᠳ᠋ᠡᠭᠡᠨ ᠵᠠᠯᠠᠷᠠᠬᠤ ᠬᠦᠷᠲᠡᠯ᠎ᠡ ᠤᠭᠤᠯ ᠬᠠᠶ᠋ᠢᠮᠢᠱ ᠬᠠᠲᠤᠨ ᠴᠢ ᠨᠢᠭᠡᠨ ᠴᠠᠭ ᠲᠤ ᠰᠤᠷᠬᠠᠭᠲᠠᠨᠢ ᠬᠠᠲᠤᠨ ᠪᠣᠯᠤᠨ᠂ ᠳᠦᠷᠭᠡᠨ᠎ᠡ ᠬᠠᠲᠤᠨ ᠨᠠᠷ ᠤ᠋ᠨ ᠤᠯᠤᠰ ᠢ᠋ ᠵᠠᠬᠢᠷᠴᠤ ᠪᠠᠢᠭᠰᠠᠨᠴᠢᠯᠠᠨ ᠵᠠᠰᠠᠭ ᠤ᠋ᠨ ᠬᠡᠷᠡᠭ ᠢ᠋ ᠲᠦᠷ ᠬᠠᠮᠢᠶᠠᠷᠤᠨ᠎ᠠ ᠤᠤ》 ᠭᠡᠮᠡᠨ ᠪᠢᠴᠢᠭᠰᠡᠨ ᠢ᠋ ᠤᠩᠰᠢᠯ᠎ᠠ᠃
   ᠮᠥᠨ ᠬᠡᠳᠦᠨ ᠡᠳᠦᠷ ᠦ᠋ᠨ ᠳᠠᠷᠠᠭ᠎ᠠ ᠲᠠᠯ᠎ᠠ ᠨᠤᠲᠤᠭ ᠡᠴᠡ ᠰᠤᠷᠬᠠᠭᠲᠠᠨᠢ ᠬᠠᠲᠤᠨ ᠤ᠋ ᠡᠮᠭᠡᠨᠢᠯ ᠢᠯᠡᠷᠬᠡᠢᠯᠡᠨ ᠢᠯᠡᠭᠡᠭᠰᠡᠨ ᠭᠠᠰᠢᠭᠤᠳᠠᠯ ᠤ᠋ᠨ ᠬᠤᠪᠴᠠᠰᠤ᠂ ᠪᠣᠭᠲᠣ ᠮᠠᠯᠠᠭᠠᠢ ᠪᠦᠬᠦᠢ ᠵᠠᠬᠢᠳᠠᠯ ᠢ᠋ ᠬᠦᠯᠢᠶᠡᠨ ᠠᠪᠤᠯ᠎ᠠ᠃ ᠲᠡᠷᠡ ᠵᠠᠬᠢᠳᠠᠯ ᠳ᠋ᠤ᠌《ᠬᠣᠷᠢ ᠭᠠᠷᠤᠢ ᠵᠢᠯ ᠦ᠋ᠨ ᠡᠮᠦᠨ᠎ᠡ ᠨᠠᠳᠠ ᠳ᠋ᠤ᠌ ᠲᠣᠬᠢᠶᠠᠵᠤ ᠪᠠᠢᠭᠰᠠᠨ ᠣᠢ ᠭᠠᠰᠢᠭᠤ ᠶ᠋ᠢ ᠳᠤᠷᠠᠰᠤᠨ ᠰᠠᠨᠠᠵᠤ᠂ ᠬᠠᠲᠤᠨ ᠤ᠋ ᠰᠡᠳᠬᠢᠯ ᠦ᠋ᠨ ᠵᠣᠪᠠᠯᠠᠩ ᠢ᠋ ᠪᠡᠶ᠎ᠡ ᠪᠡᠷ ᠣᠢᠯᠠᠭᠠᠨ ᠮᠡᠳᠡᠷᠡᠵᠦ ᠪᠠᠢᠭ᠎ᠠ ᠲᠤᠯᠠ ᠡᠮᠭᠡᠨᠢᠨ ᠪᠠᠢᠭ᠎ᠠ ᠪᠠᠨ ᠢᠯᠡᠷᠬᠡᠢᠯᠡᠵᠦ᠂ ᠤᠯᠠᠮᠵᠢᠯᠠᠯ ᠶᠣᠰᠣ ᠪᠠᠷ ᠭᠠᠰᠢᠭᠤᠳᠠᠯ ᠤ᠋ᠨ ᠬᠤᠪᠴᠠᠰᠤ ᠪᠣᠭᠲᠣ ᠮᠠᠯᠠᠭᠠᠢ ᠲᠡᠷᠢᠭᠦᠲᠡᠨ ᠢ᠋ ᠢᠯᠡᠬᠡᠨ᠂ ᠮᠣᠩᠭᠣᠯ ᠲᠥᠷᠥ ᠶ᠋ᠢᠨ ᠳᠠᠷᠠᠭ᠎ᠠ ᠶ᠋ᠢᠨ ᠡᠵᠡᠨ ᠬᠠᠭᠠᠨ ᠰᠢᠷᠡᠭᠡᠨ ᠳ᠋ᠡᠭᠡᠨ ᠵᠠᠯᠠᠷᠠᠬᠤ ᠬᠦᠷᠲᠡᠯ᠎ᠡ ᠵᠠᠰᠠᠭ ᠤ᠋ᠨ ᠬᠡᠷᠡᠭ ᠢ᠋ ᠲᠦᠷ ᠬᠠᠮᠢᠶᠠᠷᠤᠨ ᠪᠠᠢᠬᠤ ᠶ᠋ᠢ ᠬᠦᠰᠡᠨ᠎ᠡ》 ᠭᠡᠵᠦ ᠪᠢᠴᠢᠭᠰᠡᠨ ᠪᠠᠢᠯ᠎ᠠ᠃
   ᠮᠥᠩᠬᠡ ᠲᠩᠷᠢ ᠳ᠋ᠦ᠍ ᠮᠠᠨᠳᠤᠭᠰᠠᠨ ᠨᠠᠷᠠ ᠠᠭᠤᠯᠠᠰ ᠤ᠋ᠨ ᠴᠠᠭᠠᠭᠤᠷ ᠣᠷᠣᠭᠰᠠᠨ ᠮᠡᠲᠦ ᠬᠦᠨᠳᠦ ᠡᠳᠦᠷ ᠦ᠋ᠳ ᠮᠣᠩᠭᠣᠯ ᠤ᠋ᠨ ᠲᠥᠷᠥ ᠳ᠋ᠦ᠍ ᠢᠷᠡᠵᠦ᠂ ᠬᠠᠭᠠᠨᠲᠤ ᠲᠥᠷᠥ ᠳᠠᠬᠢᠨ ᠡᠵᠡᠨ ᠦᠭᠡᠢ ᠪᠣᠯᠤᠭᠰᠠᠨ ᠭᠠᠰᠢᠭᠤᠨ ᠮᠡᠳᠡᠭᠡ ᠰᠠᠮᠠᠷᠺᠠᠨᠳ᠋ ᠤ᠋ᠨ ᠡᠯᠡᠰᠦᠨ ᠴᠦᠯ ᠡᠴᠡ ᠲᠠᠯ᠎ᠠ ᠨᠤᠲᠤᠭ ᠲᠤᠨᠢ ᠳᠤᠭᠤᠯᠳᠠᠭᠰᠠᠨ ᠳᠠᠷᠤᠢ ᠠᠯᠲᠠᠨ ᠤᠷᠤᠭ ᠤ᠋ᠨ ᠬᠢᠨ ᠴᠥᠮ ᠢ᠋ᠶ᠋ᠡᠷ ᠳᠠᠷᠠᠭ᠎ᠠ ᠶ᠋ᠢᠨ ᠬᠠᠭᠠᠨ ᠡᠵᠡᠨ ᠦ᠌ ᠣᠷᠣ ᠶ᠋ᠢ ᠬᠡᠨ ᠵᠠᠯᠭᠠᠨ ᠠᠪᠬᠤ ᠲᠤᠬᠠᠢ ᠳ᠋ᠤ᠌ ᠥᠪᠡᠷ ᠬᠣᠭᠣᠷᠣᠨᠳᠣ ᠪᠠᠨ ᠬᠡᠯᠡᠯᠴᠡᠨ᠂ ᠡᠨᠡ ᠶᠠᠷᠢᠶ᠎ᠠ ᠰᠡᠭᠦᠯ ᠰᠡᠭᠦᠯ ᠳ᠋ᠡᠭᠡᠨ ᠳᠠᠯᠠᠴᠠᠯ ᠪᠣᠯᠤᠨ ᠬᠤᠪᠢᠷᠠᠵᠤ᠂ ᠬᠣᠭᠣᠷᠣᠨᠳᠣ ᠪᠠᠨ ᠲᠡᠮᠡᠴᠡᠬᠦ ᠳᠡᠭᠡᠷ᠎ᠡ ᠲᠤᠯᠤᠭᠰᠠᠨ ᠬᠦᠨᠳᠦ ᠡᠳᠦᠷ ᠦ᠋ᠳ ᠲᠦ᠍ ᠤᠭᠤᠯ ᠬᠠᠶ᠋ᠢᠮᠢᠱ ᠬᠠᠲᠤᠨ ᠲᠥᠷᠥ ᠶ᠋ᠢᠨ ᠬᠠᠰᠪᠤᠤ ᠲᠠᠮᠠᠭ᠎ᠠ ᠶ᠋ᠢ ᠪᠠᠷᠢᠵᠤ ᠪᠠᠢᠯ᠎ᠠ᠃ ᠭᠦᠶᠦᠭ ᠬᠠᠭᠠᠨ ᠡᠵᠡᠨ ᠴᠠᠭ ᠪᠤᠰᠤ ᠪᠠᠷ ᠲᠩᠷᠢ ᠳ᠋ᠦ᠍ ᠬᠠᠯᠢᠭᠰᠠᠨ ᠲᠤᠯᠠ ᠳᠠᠷᠠᠭ᠎ᠠ ᠶ᠋ᠢᠨ ᠬᠠᠭᠠᠨ ᠣᠷᠣ ᠵᠠᠯᠭᠠᠬᠤ ᠬᠥᠮᠦᠨ ᠢ᠋ᠶ᠋ᠡᠨ ᠬᠠᠷᠠᠬᠠᠨ ᠰᠣᠩᠭᠣᠨ ᠬᠡᠯᠡᠵᠦ ᠠᠮᠵᠢᠭ᠎ᠠ ᠦᠭᠡᠢ ᠪᠠᠢᠪᠠ᠃ ᠬᠠᠭᠠᠨ ᠬᠥᠪᠡᠭᠦᠳ ᠳᠣᠣᠷ᠎ᠠ ᠪᠦᠷᠢᠨ᠎ᠡ ᠥᠪᠡᠷ ᠥᠪᠡᠷ ᠦ᠋ᠨ ᠡᠵᠡᠨᠲᠦ ᠤᠯᠤᠰ ᠢ᠋ ᠪᠠᠢᠭᠤᠯᠤᠨ ᠳᠤᠷ᠎ᠠ ᠪᠠᠷ ᠠᠪᠤᠷᠢᠯᠠᠵᠤ᠂ ᠶᠡᠬᠡ ᠵᠠᠰᠠᠭ ᠬᠠᠤᠯᠢ ᠶᠡᠬᠡ ᠬᠠᠭᠠᠨ ᠤ᠋ ᠵᠠᠬᠢᠶᠠᠰᠤ ᠪᠦᠭᠦᠳᠡ ᠶ᠋ᠢ ᠵᠥᠷᠢᠴᠡᠵᠦ ᠡᠬᠢᠯᠡᠪᠡ᠃ ᠬᠥᠮᠦᠨ ᠪᠦᠷᠢ ᠥᠪᠡᠷ ᠦ᠋ᠨ ᠳᠤᠷ᠎ᠠ ᠪᠠᠷ ᠵᠦᠭ ᠪᠦᠷᠢ ᠳ᠋ᠦ᠍ ᠡᠯᠴᠢ ᠳᠣᠪᠲᠣᠯᠭᠠᠵᠤ᠂ ᠵᠠᠬᠢᠶ᠎ᠠ ᠫᠠᠢᠰᠠ᠂ ᠲᠡᠮᠳᠡᠭ ᠵᠥᠷᠢᠯᠳᠦᠭᠦᠯᠦᠨ᠂ ᠰᠦᠯᠪᠡᠭᠡ ᠬᠣᠯᠪᠣᠭ᠎ᠠ ᠪᠠᠢᠭᠤᠯᠵᠤ᠂ ᠲᠤᠰ ᠲᠤᠰ ᠲᠠᠭᠠᠨ ᠲᠤᠭ ᠪᠣᠰᠬᠠᠨ ᠦᠢᠮᠡᠵᠦ ᠡᠬᠢᠯᠡᠯ᠎ᠡ᠃ ᠳᠥᠴᠢ ᠭᠠᠷᠤᠢ ᠵᠢᠯ ᠦ᠋ᠨ ᠡᠮᠦᠨ᠎ᠡ ᠶᠡᠬᠡ ᠡᠵᠡᠨ ᠴᠢᠩᠭᠢᠰ ᠬᠠᠭᠠᠨ ᠤ᠋ ᠪᠠᠢᠭᠤᠯᠤᠭᠰᠠᠨ ᠶᠡᠬᠡ ᠮᠣᠩᠭᠣᠯ ᠤᠯᠤᠰ ᠡᠨᠡ ᠴᠠᠭ ᠢ᠋ ᠬᠦᠷᠦᠭᠡᠳ ᠵᠠᠳᠠᠷᠠᠨ ᠤᠨᠠᠬᠤ ᠤᠴᠢᠷ ᠲᠠᠢ ᠪᠠᠢᠪᠠ ᠤᠤ? ᠨᠥᠬᠥᠴᠡᠯ ᠪᠠᠢᠳᠠᠯ ᠳᠠᠬᠢᠨ ᠶᠡᠬᠡ ᠮᠣᠩᠭᠣᠯ ᠤᠯᠤᠰ ᠪᠠᠢᠭᠤᠯᠤᠭᠳᠠᠬᠤ ᠡᠴᠡ ᠡᠮᠦᠨᠡᠬᠢ ᠦᠶ᠎ᠡ ᠤᠷᠤᠭᠤ ᠡᠷᠭᠢᠨ ᠣᠴᠢᠭᠰᠠᠨ ᠮᠡᠲᠦ ᠪᠠᠢᠯ᠎ᠠ᠃
   ᠦᠰᠦᠭ ᠠᠮᠢᠯᠠᠭᠤᠯᠤᠭᠴᠢ᠄ ᠱᠠᠭᠰᠠᠯ᠂ ᠨᠡᠭᠦᠳᠡᠯ᠂ ᠤᠷᠠᠨᠴᠢᠮᠡᠭ᠂ ᠪᠤᠯᠠᠭᠬᠦᠥ᠂ ᠪᠠᠶᠠᠨᠴᠡᠴᠡᠭ᠂ ᠳᠡᠭᠦᠦᠶᠵᠠᠶᠠᠭ᠎ᠡ᠂ ᠨᠠᠷᠠᠨᠲᠤᠶᠠᠭ᠎ᠠ᠂ ᠬᠡᠯᠡᠰᠤᠶᠤᠯ᠂ ᠭᠡᠷᠡᠯ᠂ ᠨᠠᠷᠠᠨᠲᠤᠶᠠᠭ᠎ᠠ᠂ ᠰᠡᠴᠡᠨᠴᠢᠮᠡᠭ᠂ ᠡᠩᠬᠡᠪᠠᠲᠤ᠂ ᠬᠡᠷᠡᠢᠳ᠂ ᠵᠣᠯ᠂ ᠵᠢᠩᠯᠢᠬᠤᠸᠠᠷ
   ᠬᠢᠨᠠᠭᠴᠢ᠄ ᠣᠳᠬᠠᠨᠰᠣ᠎ᠠ᠂ ᠨᠠᠷᠠᠨ᠂ ᠨᠡᠭᠦᠳᠡᠯ᠂ ᠤᠷᠠᠨᠴᠢᠮᠡᠭ᠂ ᠵᠢᠩᠯᠢᠬᠤᠸᠠᠷ᠂ ᠰᠡᠬᠡᠭᠡᠷᠡᠯ᠂ ᠭᠠᠷᠮ᠎᠂ ᠪᠠᠶᠠᠨᠴᠡᠴᠡᠭ