ᠰᠤᠷᠬᠠᠭᠲᠠᠨᠢ ᠪᠡᠬᠢ ᠬᠠᠲᠤᠨ-ᠪᠢᠮᠪᠠ ᠶ᠋ᠢᠨ ᠰᠠᠷᠠᠨᠲᠤᠶᠠᠭ᠎ᠠ-ᠲᠠᠪᠤᠳᠤᠭᠠᠷ ᠪᠦᠯᠦᠭ ᠦᠨᠡᠨ ᠬᠤᠳᠠᠯ ᠤ᠋ᠨ ᠳᠤᠮᠳᠠ ᠬᠤᠢᠯᠠᠷᠠᠨ ᠡᠷᠭᠢᠯᠳᠦᠬᠦ ᠰᠠᠯᠬᠢСорхугтани бэх хатан-Бямбын Сарантуяа ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠤᠷᠬᠠᠭᠲᠠᠨᠢ ᠪᠡᠬᠢ ᠬᠠᠲᠤᠨ-ᠪᠢᠮᠪᠠ ᠶ᠋ᠢᠨ ᠰᠠᠷᠠᠨᠲᠤᠶᠠᠭ᠎ᠠ-ᠲᠠᠪᠤᠳᠤᠭᠠᠷ ᠪᠦᠯᠦᠭ ᠦᠨᠡᠨ ᠬᠤᠳᠠᠯ ᠤ᠋ᠨ ᠳᠤᠮᠳᠠ ᠬᠤᠢᠯᠠᠷᠠᠨ ᠡᠷᠭᠢᠯᠳᠦᠬᠦ ᠰᠠᠯᠬᠢСорхугтани бэх хатан-Бямбын Сарантуяа

ᠰᠤᠷᠬᠠᠭᠲᠠᠨᠢ ᠪᠡᠬᠢ ᠬᠠᠲᠤᠨ-ᠪᠢᠮᠪᠠ ᠶ᠋ᠢᠨ ᠰᠠᠷᠠᠨᠲᠤᠶᠠᠭ᠎ᠠ-ᠲᠠᠪᠤᠳᠤᠭᠠᠷ ᠪᠦᠯᠦᠭ ᠦᠨᠡᠨ ᠬᠤᠳᠠᠯ ᠤ᠋ᠨ ᠳᠤᠮᠳᠠ ᠬᠤᠢᠯᠠᠷᠠᠨ ᠡᠷᠭᠢᠯᠳᠦᠬᠦ ᠰᠠᠯᠬᠢСорхугтани бэх хатан-Бямбын Сарантуяа

ᠠᠩᠭᠢᠯᠠᠯ:ᠲᠤᠭᠤᠵᠢ ᠷᠣᠮᠠᠨ
2024-11-27

872

ᠲᠠᠪᠤᠳᠤᠭᠠᠷ ᠪᠦᠯᠦᠭ ᠦᠨᠡᠨ ᠬᠤᠳᠠᠯ ᠤ᠋ᠨ ᠳᠤᠮᠳᠠ ᠬᠤᠢᠯᠠᠷᠠᠨ ᠡᠷᠭᠢᠯᠳᠦᠬᠦ ᠰᠠᠯᠬᠢ

       ᠪᠠᠷᠠᠭᠤᠨ ᠵᠦᠭ ᠲᠦ᠍ ᠳᠠᠢᠯᠠᠬᠤ ᠪᠠᠷ ᠶᠠᠪᠤᠭᠰᠠᠨ ᠬᠠᠨ ᠬᠥᠪᠡᠭᠦᠳ ᠢᠯᠠᠯᠲᠠ ᠶ᠋ᠢᠨ ᠳᠠᠭᠤ ᠶ᠋ᠢ ᠡᠬᠡ ᠨᠤᠲᠤᠭ ᠲᠠᠭᠠᠨ ᠲᠣᠭᠣᠯᠭᠠᠨ ᠪᠠᠢᠯ᠎ᠠ᠃ ᠮᠥᠩᠬᠡ ᠥᠪᠡᠷ ᠦ᠋ᠨ ᠶᠡᠬᠡ ᠴᠡᠷᠢᠭ ᠲᠡᠢ ᠪᠡᠨ ᠨᠢᠭᠡᠨ ᠬᠣᠲᠠ ᠶ᠋ᠢ ᠳᠠᠢᠳᠤᠨ ᠡᠵᠡᠯᠡᠵᠦ ᠠᠪᠤᠭᠠᠳ᠂ ᠲᠥᠪ ᠳᠤᠮᠳᠠᠭᠤᠷ ᠨᠢ ᠶᠠᠪᠤᠵᠤ ᠪᠠᠢᠯ᠎ᠠ᠃ ᠮᠣᠩᠭᠣᠯ ᠴᠡᠷᠢᠭ ᠦ᠋ᠳ ᠦ᠋ᠨ ᠥᠭᠡᠳᠡ ᠡᠴᠡ ᠤᠤᠯᠭᠠᠯᠠᠨ ᠳᠠᠭᠠᠷᠢᠵᠤ᠂ ᠤᠬᠤᠷᠢᠨ ᠵᠢᠭᠤᠲᠠᠵᠤ᠂ ᠢᠯᠡᠳᠲᠡ ᠢᠯᠠᠭᠳᠠᠭᠰᠠᠨ ᠡᠨᠡ ᠬᠣᠲᠠ ᠶ᠋ᠢ ᠲᠡᠳᠡ ᠡᠷᠬᠡᠨ ᠳ᠋ᠡᠭᠡᠨ ᠣᠷᠣᠭᠤᠯᠵᠠᠢ᠃ ᠮᠥᠩᠬᠡ ᠴᠡᠷᠢᠭ ᠦ᠋ᠳ ᠦ᠋ᠨ ᠬᠠᠮᠲᠤ ᠬᠣᠲᠠ ᠶ᠋ᠢᠨ ᠳᠤᠮᠳᠠᠭᠤᠷ ᠶᠠᠪᠤᠵᠤ ᠪᠠᠢᠬᠤ ᠳ᠋ᠤ᠌ ᠳᠥᠩᠭᠡᠵᠦ ᠰᠠᠶᠢᠬᠠᠨ ᠪᠣᠯᠵᠤ ᠥᠨᠳᠥᠷᠯᠡᠭᠰᠡᠨ ᠶᠡᠬᠡ ᠳᠣᠯᠣᠭᠠᠨ ᠤ᠋ ᠰᠢᠷᠣᠢ ᠲᠣᠭᠣᠰᠣ ᠪᠠᠭᠤᠵᠤ ᠠᠮᠵᠢᠭ᠎ᠠ ᠦᠭᠡᠢ᠂ ᠬᠡᠩᠰᠢᠭᠦᠦ ᠬᠢᠷᠪᠤᠰᠤ ᠬᠠᠩᠬᠤᠯᠤᠨ᠂ ᠲᠦᠯᠡᠩᠬᠡᠢ ᠦᠨᠦᠷᠲᠦᠵᠦ᠂ ᠡᠨᠳᠡ ᠲᠡᠨᠳᠡ ᠶᠣᠣᠯᠠᠨ ᠭᠠᠰᠠᠯᠬᠤ ᠬᠥᠮᠦᠨ ᠦ᠌ ᠳᠠᠭᠤ ᠰᠣᠨᠣᠰᠳᠠᠵᠤ ᠪᠠᠢᠪᠠ᠃ ᠬᠣᠲᠠ ᠶ᠋ᠢᠨ ᠪᠠᠷᠠᠭᠤᠨ ᠬᠠᠭᠠᠯᠭᠠᠨ ᠤ᠋ ᠬᠠᠵᠠᠭᠤ ᠳ᠋ᠤ᠌ ᠣᠯᠠᠨ ᠬᠥᠮᠦᠰ ᠦ᠋ᠨ ᠬᠡᠭᠦᠷ ᠢ᠋ ᠣᠪᠣᠭᠠᠯᠠᠨ ᠲᠠᠯᠪᠢᠵᠠᠢ᠃ ᠲᠡᠳᠡᠨ ᠦ᠌ ᠳᠤᠮᠳᠠ ᠠᠮᠢ ᠦᠭᠡᠢ ᠪᠣᠯᠤᠭᠰᠠᠨ ᠬᠡᠦᠬᠡᠳ ᠢ᠋ᠶ᠋ᠡᠨ ᠲᠡᠪᠡᠷᠢᠭᠰᠡᠨ ᠡᠮᠡᠭᠲᠡᠢ ᠬᠥᠮᠦᠨ ᠦ᠌ ᠴᠣᠭᠴᠠᠰ ᠪᠠᠢᠪᠠ᠃ ᠢᠰᠯᠠᠮ ᠱᠠᠰᠢᠨᠲᠤ ᠡᠨᠡ ᠡᠮᠡᠭᠲᠡᠢ ᠶ᠋ᠢᠨ ᠲᠣᠯᠣᠭᠠᠢ ᠳ᠋ᠠᠭᠠᠨ ᠨᠥᠮᠥᠷᠦᠭᠰᠡᠨ ᠠᠯᠴᠢᠭᠤᠷ ᠲᠠᠢᠯᠤᠭᠳᠠᠵᠤ᠂ ᠦᠰᠦ ᠨᠢ ᠰᠤᠯᠠ ᠠᠰᠬᠠᠷᠠᠨ ᠭᠠᠵᠠᠷ ᠲᠤ᠌ ᠤᠨᠵᠢᠵᠠᠢ᠃ ᠭᠠᠷ ᠲᠠᠭᠠᠨ ᠲᠡᠪᠡᠷᠢᠭᠰᠡᠨ ᠠᠮᠢ ᠦᠭᠡᠢ ᠬᠡᠦᠬᠡᠳ ᠦ᠋ᠨ ᠨᠢᠭᠤᠷ ᠳᠡᠭᠡᠷ᠎ᠡ ᠴᠢᠰᠤᠨ ᠤ᠋ ᠲᠣᠯᠪᠣ ᠨᠤᠭᠤᠳ ᠴᠣᠬᠣᠷᠲᠤᠨ ᠦᠵᠡᠭᠳᠡᠨ᠎ᠡ᠃ ᠡᠨᠡ ᠨᠢᠳᠦ ᠬᠠᠯᠲᠤᠷᠢᠮ᠎ᠠ ᠳᠦᠷᠢ ᠵᠢᠷᠤᠭ ᠢ᠋ ᠬᠠᠷᠠᠭᠰᠠᠨ ᠮᠥᠩᠬᠡ ᠬᠢᠯᠢᠩᠨᠡᠵᠦ᠂    
    — ᠠᠯᠠᠵᠤ ᠲᠠᠯᠠᠬᠤ ᠠ᠋ᠴᠠ ᠢᠯᠡᠭᠦᠦ ᠲᠡᠢ᠂ ᠠᠪᠤᠷᠠᠨ ᠥᠷᠥᠰᠢᠶᠡᠬᠦ ᠶ᠋ᠢ ᠡᠷᠬᠢᠮ ᠪᠣᠯᠭ᠎ᠠ ᠭᠡᠵᠦ ᠡᠰᠡ ᠬᠡᠯᠡᠪᠡ ᠤᠤ᠂ ᠮᠢᠨᠦ ᠴᠡᠷᠢᠭ ᠦ᠋ᠳ ᠡᠮᠡᠭᠲᠡᠢ ᠬᠥᠮᠦᠨ᠂ ᠪᠠᠯᠴᠢᠷ ᠬᠡᠦᠬᠡᠳ ᠬᠥᠨᠥᠭᠡᠭᠰᠡᠨ ᠪᠠᠢᠪᠠ ᠭᠡᠵᠦ ᠠᠭᠤᠷᠰᠠᠨ ᠵᠠᠩᠳᠤᠷᠤᠯ᠎ᠠ᠃ ᠶᠡᠬᠡ ᠡᠵᠡᠨ ᠴᠢᠩᠭᠢᠰ ᠬᠠᠭᠠᠨ ᠤ᠋ ᠦᠶ᠎ᠡ ᠡᠴᠡ ᠲᠡᠷᠭᠡᠨ ᠦ᠌ ᠠᠷᠠᠯ ᠠ᠋ᠴᠠ ᠳᠣᠭᠣᠭᠰᠢ ᠨᠢᠷᠤᠭᠤ ᠲᠠᠢ ᠪᠠᠯᠴᠢᠷ ᠬᠡᠦᠬᠡᠳ ᠢ᠋ ᠬᠥᠨᠥᠭᠡᠵᠦ ᠪᠣᠯᠬᠤ ᠦᠭᠡᠢ ᠶᠣᠰᠣᠨ ᠪᠣᠢ᠃ ᠬᠠᠭᠠᠨ ᠡᠪᠦᠭᠡ ᠶ᠋ᠢᠨ ᠡᠨᠡ᠂ ᠶᠣᠰᠣ ᠶ᠋ᠢ ᠦᠷᠭᠦᠯᠵᠢᠯᠡᠭᠦᠯᠦᠨ ᠮᠥᠩᠬᠡ ᠥᠪᠡᠷ ᠦ᠋ᠨ ᠴᠡᠷᠢᠭ ᠦ᠋ᠳ ᠲᠡᠭᠡᠨ ᠪᠠᠯᠴᠢᠷ ᠬᠡᠦᠬᠡᠳ ᠡᠴᠡ ᠭᠠᠳᠠᠨ᠎ᠠ ᠡᠮᠡᠭᠲᠡᠢ ᠬᠥᠮᠦᠨ᠂ ᠦᠳᠡᠯᠦᠭᠡ ᠨᠠᠰᠤᠲᠠᠨ ᠢ᠋ ᠬᠥᠨᠥᠭᠡᠵᠦ ᠪᠣᠯᠬᠤ ᠦᠭᠡᠢ ᠭᠡᠵᠦ ᠵᠠᠷᠯᠢᠭᠳᠠᠭᠰᠠᠨ ᠪᠠᠢᠯ᠎ᠠ᠃ ᠲᠡᠢᠮᠦ ᠡᠴᠡ ᠴᠦ᠍ ᠮᠥᠩᠬᠡ ᠶ᠋ᠢᠨ ᠡᠵᠡᠯᠡᠨ ᠠᠪᠤᠭᠰᠠᠨ ᠭᠠᠵᠠᠷ ᠤ᠋ᠳ ᠲᠤ᠌ ᠡᠳᠡᠭᠡᠷ ᠬᠥᠮᠦᠰ ᠢ᠋ ᠥᠷᠥᠰᠢᠶᠡᠳᠡᠭ ᠶᠣᠰᠣᠨ ᠲᠣᠭᠲᠠᠵᠠᠢ᠃ ᠮᠥᠩᠬᠡ ᠶ᠋ᠢᠨ ᠡᠨᠡ ᠰᠢᠢᠳᠪᠦᠷᠢ ᠬᠠᠲᠤᠨ ᠡᠬᠡ ᠡᠴᠡ ᠨᠢ ᠤᠯᠪᠠᠭ᠎ᠠ ᠲᠠᠢ᠃ ᠡᠰᠢ ᠬᠠᠲᠤᠨ ᠤ᠋ ᠳᠡᠷᠭᠡᠳᠡ ᠥᠰᠦᠭᠰᠡᠨ ᠡᠨᠡ ᠬᠥᠮᠦᠨ ᠳ᠋ᠦ᠍ ᠶᠡᠬᠡ ᠬᠥᠮᠦᠨ ᠢ᠋ ᠬᠠᠢᠷᠠᠯᠠᠵᠤ᠂ ᠡᠮᠡᠭᠲᠡᠢ ᠬᠥᠮᠦᠨ ᠢ᠋ ᠬᠦᠨᠳᠦᠯᠡᠬᠦ᠂ ᠡᠰᠡᠷᠭᠦᠴᠡᠬᠦ ᠴᠢᠳᠠᠪᠤᠷᠢ ᠦᠭᠡᠢ ᠬᠡᠦᠬᠡᠳ ᠬᠥᠭᠰᠢᠳ ᠢ᠋ ᠥᠷᠥᠰᠢᠶᠡᠨ ᠨᠢᠭᠦᠯᠡᠰᠬᠦ ᠤᠬᠠᠭᠠᠨ ᠰᠠᠭᠤᠭᠰᠠᠨ ᠬᠡᠷᠡᠭ ᠶᠤᠮ᠃ ᠨᠢᠭᠡᠨᠲᠡ ᠠᠮᠢ ᠦᠭᠡᠢ ᠪᠣᠯᠤᠭᠰᠠᠨ ᠬᠡᠦᠬᠡᠳ ᠢ᠋ᠶ᠋ᠡᠨ ᠲᠡᠪᠡᠷᠢᠨ ᠬᠡᠪᠲᠡᠬᠦ ᠡᠮᠡᠭᠲᠡᠢ ᠶ᠋ᠢᠨ ᠴᠣᠭᠴᠠᠰ ᠢ᠋ ᠬᠠᠷᠠᠵᠤ ᠵᠣᠭᠰᠣᠬᠤ ᠮᠥᠩᠬᠡ ᠳᠡᠷᠭᠡᠳᠡ ᠪᠡᠨ ᠪᠠᠢᠭ᠎ᠠ ᠴᠡᠷᠢᠭ ᠦ᠋ᠳ ᠲᠦ᠍᠂
    — ᠡᠨᠡ ᠬᠣᠶᠠᠷ ᠬᠥᠮᠦᠨ ᠢ᠋ ᠨᠤᠲᠤᠭ ᠣᠷᠣᠨ ᠤ᠋ ᠬᠢᠨᠢ ᠵᠠᠩᠰᠢᠯ ᠶᠣᠰᠣ ᠪᠠᠷ ᠬᠥᠳᠡᠭᠡᠯᠡᠭᠦᠯ᠂ ᠬᠣᠲᠠ ᠶ᠋ᠢᠨ ᠢᠷᠭᠡᠳ ᠡᠴᠡ ᠠᠰᠠᠭᠤᠵᠤ ᠰᠤᠷᠠᠨ ᠭᠡᠷ ᠪᠦᠯᠢ ᠡᠴᠡ   ᠨᠢ ᠬᠥᠮᠦᠨ ᠦᠯᠡᠳᠡᠭᠰᠡᠨ ᠪᠠᠢᠪᠠᠯ ᠥᠭᠯᠢᠭᠡ ᠬᠡᠰᠢᠭ ᠥᠭ ᠭᠡᠵᠦ ᠵᠠᠷᠯᠢᠭᠳᠠᠯ᠎ᠠ᠃ ᠲᠤᠩ ᠤᠳᠠᠯ ᠦᠭᠡᠢ ᠮᠥᠩᠬᠡ ᠶ᠋ᠢᠨ ᠬᠠᠵᠠᠭᠤ ᠳ᠋ᠤ᠌ ᠡᠵᠡᠨ ᠦ᠌ ᠪᠡᠨ ᠰᠢᠢᠳᠪᠦᠷᠢ ᠶ᠋ᠢ ᠵᠥᠷᠢᠴᠡᠭᠰᠡᠨ ᠴᠡᠷᠢᠭ ᠢ᠋ ᠪᠠᠷᠢᠨ ᠠᠪᠴᠢᠷᠠᠯ᠎ᠠ᠃
    ᠮᠥᠩᠬᠡ ᠮᠥᠨᠥᠬᠢ ᠴᠡᠷᠢᠭ ᠢ᠋ ᠶᠡᠬᠡᠳᠡ ᠠᠭᠤᠷᠰᠠᠨ ᠬᠠᠷᠠᠵᠤ᠂
    — ᠮᠢᠨᠦ ᠵᠠᠷᠯᠢᠭ ᠢ᠋ ᠵᠥᠷᠢᠴᠡᠵᠦ ᠶᠠᠭᠠᠬᠢᠨ ᠵᠢᠷᠦᠬᠡᠯᠡᠪᠡ? ᠭᠡᠮᠡᠨ ᠵᠠᠩᠳᠤᠷᠬᠤ ᠳ᠋ᠤ᠌ ᠨᠥᠭᠥᠭᠡᠳᠡᠬᠢ ᠬᠥᠮᠦᠨ ᠬᠡᠯᠡᠬᠦ ᠦᠭᠡ ᠦᠭᠡᠢ ᠨᠢᠳᠦ ᠪᠡᠨ ᠪᠦᠯᠲᠡᠯᠵᠡᠭᠦᠯᠦᠨ ᠡᠢᠰᠢ ᠲᠡᠢᠰᠢ ᠬᠠᠷᠠᠵᠤ᠂ ᠠᠪᠤᠷᠠᠯ ᠡᠨᠡᠷᠢᠯ ᠬᠠᠮᠢᠭ᠎ᠠ ᠨᠢᠭᠡ ᠭᠠᠵᠠᠷ ᠠ᠋ᠴᠠ ᠭᠠᠷᠤᠭᠠᠳ ᠢᠷᠡᠬᠦ ᠶᠤᠮ ᠰᠢᠭ ᠲᠦᠭᠳᠡᠴᠢᠯ᠎ᠡ᠃ ᠮᠥᠩᠬᠡ ᠡᠮᠦᠨ᠎ᠡ ᠪᠡᠨ ᠵᠣᠭᠰᠣᠭ᠎ᠠ ᠲᠤᠤᠵᠢᠶ᠎ᠠ ᠦᠭᠡᠢ ᠴᠡᠷᠢᠭ ᠢ᠋ ᠬᠠᠷᠠᠵᠤ᠂
    — ᠡᠬᠡ ᠴᠢᠨᠢ ᠬᠠᠮᠢᠭ᠎ᠠ ᠦᠯᠡᠳᠡᠭᠰᠡᠨ ᠪᠣᠢ ᠭᠡᠵᠦ ᠠᠰᠠᠭᠤᠬᠤ ᠳ᠋ᠤ᠌ ᠨᠥᠭᠦᠭᠡ ᠴᠡᠷᠢᠭ ᠠᠷᠠᠢᠬᠢᠨ᠂
    — ᠨᠠᠳᠠ ᠳ᠋ᠤ᠌ ᠡᠬᠡ ᠪᠠᠢᠬᠤ ᠦᠭᠡᠢ᠃ ᠪᠢ ᠡᠬᠡ ᠶ᠋ᠢ ᠪᠡᠨ ᠮᠡᠳᠡᠬᠦ ᠦᠭᠡᠢ ᠭᠡᠪᠡ᠃ ᠢᠩᠭᠢᠵᠦ ᠬᠡᠯᠡᠵᠦ ᠪᠠᠢᠭ᠎ᠠ ᠬᠥᠮᠦᠨ ᠢ᠋ ᠬᠠᠷᠠᠭᠠᠳ    ᠮᠥᠩᠬᠡ《ᠡᠬᠡ ᠦᠭᠡᠢ ᠥᠰᠦᠭᠰᠡᠨ ᠬᠥᠮᠦᠨ ᠭᠡᠵᠦ ᠬᠡᠴᠢᠨᠡᠭᠡᠨ ᠬᠠᠲᠠᠭᠤ ᠪᠢᠯᠡ》 ᠭᠡᠮᠡᠨ ᠪᠣᠳᠣᠪᠠ᠃ ᠲᠡᠷᠡ ᠪᠡᠷ᠄
    — ᠡᠨᠡ ᠬᠥᠮᠦᠨ ᠦ᠌ ᠡᠬᠡ ᠦᠭᠡᠢ ᠥᠰᠦᠭᠰᠡᠨ ᠨᠢ ᠥᠪᠡᠷ ᠦ᠋ᠨ ᠬᠢᠨᠢ ᠪᠤᠷᠤᠭᠤ ᠪᠢᠰᠢ᠎ᠴᠤ ᠡᠵᠡᠨ ᠦ᠌ ᠪᠡᠨ ᠵᠠᠷᠯᠢᠭ ᠢ᠋ ᠵᠥᠷᠢᠴᠡᠭᠰᠡᠨ ᠨᠢ ᠲᠡᠭᠦᠨ ᠢ᠋ ᠶᠠᠯ᠎ᠠ ᠳ᠋ᠤ᠌ ᠤᠨᠠᠭᠠᠯ᠎ᠠ᠃ ᠡᠨᠡ ᠡᠳᠦᠷ ᠡᠴᠡ ᠬᠣᠢᠰᠢ ᠴᠢ ᠳᠡᠪᠡᠯ ᠢ᠋ᠶ᠋ᠡᠨ ᠨᠥᠮᠥᠭᠡᠯᠡᠨ ᠦᠰᠦ ᠪᠡᠨ ᠵᠠᠳᠠᠯᠵᠤ᠂ ᠦᠷ ᠢ᠋ᠶ᠋ᠡᠷ ᠰᠡᠷᠡᠵᠦ ᠬᠣᠭᠣᠯᠠ ᠬᠦᠨᠡᠰᠦ ᠪᠡᠯᠡᠳᠬᠡᠨ᠂ ᠡᠳᠦᠷᠵᠢᠨ ᠪᠣᠬᠢᠰᠬᠢᠯ ᠦᠭᠡᠢ ᠴᠡᠷᠢᠭ ᠦ᠋ᠳ ᠦ᠋ᠨ ᠤᠷᠠᠩᠬᠠᠢ ᠴᠣᠭᠣᠷᠬᠠᠢ ᠶ᠋ᠢ ᠨᠥᠬᠥᠵᠦ᠂ ᠦᠳᠡᠰᠢ ᠬᠠᠮᠤᠭ ᠤ᠋ᠨ ᠰᠡᠭᠦᠯ ᠳ᠋ᠦ᠍ ᠤᠨᠲᠠᠵᠤ ᠭᠠᠯ ᠢ᠋ᠶ᠋ᠠᠨ ᠮᠠᠨᠠᠨ᠂ ᠡᠷ᠎ᠡ ᠬᠥᠮᠦᠨ ᠰᠢᠭ ᠵᠣᠭᠰᠣᠵᠤ ᠪᠤᠰᠤ᠂ ᠡᠮ᠎ᠡ ᠬᠥᠮᠦᠨ ᠰᠢᠭ ᠰᠠᠭᠤᠵᠤ ᠮᠣᠷᠢ ᠬᠠᠷᠠᠰᠤᠭᠠᠢ ᠭᠡᠮᠡᠨ ᠵᠠᠷᠯᠢᠭᠳᠠᠪᠠ᠃
    ᠮᠥᠩᠬᠡ ᠡᠵᠡᠨ ᠦ᠌ ᠵᠠᠷᠯᠢᠭ ᠢ᠋ᠶ᠋ᠠᠷ ᠲᠡᠢᠨ ᠦ᠌ ᠴᠠᠭ ᠤ᠋ᠨ ᠬᠠᠤᠯᠢ ᠶ᠋ᠢ ᠵᠥᠷᠢᠴᠡᠭᠰᠡᠨ ᠴᠡᠷᠢᠭ ᠢ᠋ ᠴᠠᠭᠠᠵᠠ ᠪᠠᠷ ᠠᠪᠴᠤ ᠪᠣᠯᠬᠤ ᠪᠠᠢᠯ᠎ᠠ᠃ ᠭᠡᠪᠡᠴᠦ ᠲᠡᠭᠦᠨ ᠢ᠋ ᠴᠠᠭᠠᠵᠠᠯᠠᠭᠠᠳ ᠶᠠᠭᠠᠬᠢᠬᠤ ᠪᠢᠯᠡ᠃ ᠡᠬᠡ ᠦᠭᠡᠢ ᠥᠰᠦᠭᠰᠡᠨ ᠬᠥᠮᠦᠨ ᠦ᠌ ᠤᠬᠠᠭᠠᠨ ᠳ᠋ᠤ᠌ ᠡᠮᠡᠭᠲᠡᠢ ᠬᠥᠮᠦᠨ ᠦ᠌ ᠣᠪᠠᠯᠠᠩ ᠢ᠋ ᠣᠢᠯᠠᠭᠠᠭᠤᠯᠤᠨ ᠥᠭᠬᠦ ᠠᠷᠭ᠎ᠠ ᠲᠡᠢᠨ ᠦ᠌ ᠦᠶ᠎ᠡ ᠳ᠋ᠦ᠍ ᠪᠣᠯ ᠡᠭᠦᠨ ᠡᠴᠡ ᠥᠭᠡᠷ᠎ᠡ ᠪᠠᠢᠬᠤ ᠦᠭᠡᠢ᠂ ᠲᠡᠷᠡ ᠡᠳᠦᠷ ᠡᠴᠡ ᠡᠬᠢᠯᠡᠨ ᠥᠨᠥᠬᠢ ᠴᠡᠷᠢᠭ ᠳᠡᠪᠡᠯ ᠢ᠋ᠶ᠋ᠡᠨ ᠨᠥᠮᠥᠭᠡᠯᠡᠨ᠂ ᠦᠰᠦ ᠪᠡᠨ ᠵᠠᠳᠠᠯᠵᠤ᠂ ᠦᠦᠷ ᠴᠦᠦᠷ ᠢ᠋ᠶ᠋ᠡᠷ ᠪᠣᠰᠴᠤ᠂ ᠦᠳᠡᠰᠢ ᠪᠦᠭᠦᠳᠡ ᠶ᠋ᠢᠨ ᠰᠡᠭᠦᠯ ᠳ᠋ᠦ᠍ ᠤᠨᠲᠠᠨ᠂ ᠡᠷ᠎ᠡ ᠬᠥᠮᠦᠨ ᠰᠢᠭ ᠵᠣᠭᠰᠣᠵᠤ ᠪᠤᠰᠤ᠂ ᠡᠮ᠎ᠡ ᠬᠥᠮᠦᠨ ᠰᠢᠭ ᠰᠠᠭᠤᠵᠤ ᠮᠣᠷᠢ ᠬᠠᠷᠠᠬᠤ ᠪᠣᠯᠤᠯ᠎ᠠ᠃
    ᠣᠷᠬᠣᠨ ᠭᠣᠣᠯ ᠤ᠋ᠨ ᠡᠷᠭᠢ ᠳᠡᠭᠡᠷᠡᠬᠢ ᠳᠦᠷᠭᠡᠨ᠎ᠡ ᠬᠠᠲᠤᠨ ᠤ᠋ ᠣᠯᠠᠨ ᠦᠷᠭᠦᠭᠡᠨ ᠦ᠌ ᠳᠤᠮᠳᠠ ᠬᠡᠳᠦ ᠬᠡᠳᠦᠨ ᠲᠤᠰᠬᠠᠢ ᠥᠷᠭᠥᠭᠡ ᠪᠣᠢ᠃ ᠡᠳᠡᠭᠡᠷ ᠥᠷᠭᠥᠭᠡ ᠨᠦ᠍ᠭᠦᠳ ᠲᠦ᠍ ᠬᠠᠲᠤᠨ ᠪᠣᠯᠤᠨ ᠲᠡᠭᠦᠨ ᠦ᠌ ᠳᠠᠭᠠᠭᠤᠯ ᠨᠤᠭᠤᠳ ᠠ᠋ᠴᠠ ᠥᠭᠡᠷ᠎ᠡ ᠬᠡᠨ ᠢ᠋ ᠴᠦ᠍ ᠨᠡᠪᠲᠡᠷᠡᠭᠦᠯᠳᠡᠭ ᠦᠭᠡᠢ᠃ ᠥᠷᠭᠥᠭᠡ ᠪᠦᠷᠢ ᠥᠪᠡᠷ ᠥᠪᠡᠷ ᠦ᠋ᠨ ᠣᠨᠴᠠᠯᠢᠭ ᠲᠠᠢ᠃ ᠡᠬᠢᠨ ᠦ᠌ ᠥᠷᠭᠥᠭᠡ ᠨᠢ ᠬᠠᠲᠤᠨ ᠡᠬᠡ ᠶ᠋ᠢᠨ ᠬᠤᠪᠴᠠᠰᠤ ᠡᠳ᠋ᠯᠡᠯ ᠦ᠋ᠨ ᠥᠷᠭᠥᠭᠡ᠃ ᠭᠠᠵᠠᠷ ᠭᠠᠵᠠᠷ ᠤ᠋ᠨ ᠤᠷᠠᠴᠤᠳ ᠤ᠋ᠨ ᠭᠠᠷ ᠢ᠋ᠶ᠋ᠠᠷ ᠪᠦᠲᠦᠭᠰᠡᠨ ᠤᠷᠠᠯᠢᠭ ᠤ᠋ᠨ ᠪᠦᠲᠦᠭᠡᠯ ᠭᠡᠵᠦ ᠬᠡᠯᠡᠮ᠎ᠡ ᠰᠠᠢᠬᠠᠨ ᠬᠤᠪᠴᠠᠰᠤ ᠡᠨᠳᠡ ᠦᠷᠦᠭᠡᠰᠦᠲᠡᠢ ᠪᠠᠢᠬᠤ᠃ ᠬᠠᠲᠤᠨ ᠡᠬᠡ ᠨᠢᠭᠡ ᠤᠳᠠᠭ᠎ᠠ ᠡᠮᠦᠰᠦᠭᠰᠡᠨ ᠬᠤᠪᠴᠠᠰᠤ ᠪᠠᠨ ᠳᠠᠬᠢᠨ ᠦᠯᠦ ᠡᠮᠦᠰᠬᠦ ᠲᠤᠯᠠ ᠡᠨᠡ ᠦᠷᠭᠦᠭᠡᠨ ᠳ᠋ᠦ᠍ ᠪᠠᠢᠬᠤ ᠬᠤᠪᠴᠠᠰᠤ ᠪᠦᠬᠦᠨ ᠦᠷᠭᠦᠯᠵᠢ ᠰᠢᠨᠡᠴᠢᠯᠡᠭᠳᠡᠵᠦ ᠪᠠᠢᠨ᠎ᠠ᠃ ᠳᠠᠷᠠᠭ᠎ᠠ ᠶ᠋ᠢᠨ ᠦᠷᠭᠦᠭᠡᠨ ᠳ᠋ᠦ᠍ ᠬᠠᠲᠤᠨ ᠤ᠋ ᠦᠨᠡᠲᠦ ᠡᠳ᠋ᠯᠡᠯ ᠢ᠋ ᠬᠠᠳᠠᠭᠠᠯᠠᠨ᠂ ᠸᠴᠢᠷ ᠠᠯᠮᠠᠰ ᠲᠡᠷᠢᠭᠦᠲᠡᠢ ᠡᠷᠳᠡᠨᠢᠰ ᠦ᠋ᠨ ᠴᠢᠯᠠᠭᠤ ᠨᠤᠭᠤᠳ᠂ ᠠᠯᠲᠠ ᠮᠥᠩᠭᠥ ᠲᠡᠷᠢᠭᠦᠲᠡᠢ ᠦᠨᠡᠲᠦ ᠡᠳ᠋ᠯᠡᠯ ᠦ᠋ᠳ᠂ ᠱ᠌ᠢᠷᠦ ᠰᠤᠪᠤᠳ ᠲᠡᠷᠢᠭᠦᠲᠡᠢ ᠵᠡᠭᠦᠰᠬᠡᠯ ᠰᠡᠯᠲᠡ ᠪᠦᠬᠦᠨ ᠢ᠋ ᠬᠠᠭᠠᠨ ᠤ᠋ ᠬᠠᠲᠤᠨ ᠳ᠋ᠤ᠌ ᠵᠣᠷᠢᠭᠤᠯᠤᠨ ᠪᠡᠯᠡᠭ ᠲᠦ᠍ ᠢᠷᠡᠭᠦᠯᠬᠦ ᠭᠠᠵᠠᠷ ᠣᠷᠣᠨ ᠣᠯᠠᠨ ᠲᠤᠯᠠ ᠡᠨᠡ ᠦᠷᠭᠦᠭᠡᠨ ᠳ᠋ᠦ᠍ ᠶᠢᠷᠲᠢᠨᠴᠦ ᠶ᠋ᠢᠨ ᠪᠦᠬᠦᠢ ᠯᠡ ᠦᠨᠡᠲᠦ ᠡᠳ᠋ᠯᠡᠯ ᠴᠤᠭᠯᠠᠭᠰᠠᠨ ᠭᠡᠯᠲᠡᠢ ᠨᠢᠳᠦ ᠭᠢᠯᠪᠠᠭᠤᠯᠤᠨ᠂ ᠠᠪᠳᠠᠷ᠎ᠠ ᠠᠪᠳᠠᠷ᠎ᠠ ᠪᠠᠷ ᠭᠡᠷᠡᠯ ᠰᠠᠴᠤᠷᠠᠭᠤᠯᠤᠨ ᠪᠠᠢᠨ᠎ᠠ᠃ ᠳᠠᠷᠠᠭ᠎ᠠ ᠶ᠋ᠢᠨ ᠥᠷᠭᠥᠭᠡ ᠪᠣᠯ ᠬᠠᠲᠤᠨ ᠤ᠋ ᠶᠠᠩᠪᠠ ᠶ᠋ᠢᠨ ᠥᠷᠭᠥᠭᠡ᠂ ᠡᠨᠡ ᠦᠷᠭᠦᠭᠡᠨ ᠦ᠌ ᠭᠣᠣᠯ ᠳ᠋ᠤ᠌ ᠪᠠᠢᠬᠤ ᠮᠣᠳᠣᠨ ᠣᠩᠭᠣᠴᠠᠨ ᠳ᠋ᠤ᠌ ᠡᠳᠦᠷ ᠪᠦᠷᠢ ᠬᠠᠯᠠᠭᠤᠨ ᠷᠠᠰᠢᠶᠠᠨ ᠳᠦᠭᠦᠷᠭᠡᠵᠦ᠂ ᠥᠭᠡᠷ᠎ᠡ ᠥᠭᠡᠷ᠎ᠡ ᠴᠡᠴᠡᠭ ᠦ᠋ᠨ ᠬᠠᠨᠳᠠ ᠶ᠋ᠢ ᠰᠢᠩᠭᠡᠭᠡᠭᠰᠡᠨ ᠪᠠᠢᠨ᠎ᠠ᠃ ᠬᠠᠲᠤᠨ ᠡᠨᠡ ᠣᠩᠭᠣᠴᠠᠨ ᠳ᠋ᠤ᠌ ᠠᠯᠵᠢᠶᠠᠯ ᠢ᠋ᠶ᠋ᠠᠨ ᠲᠠᠢᠯᠤᠭᠠᠳ᠂ ᠢᠯᠢᠯᠭᠡ ᠬᠢᠯᠭᠡᠨ ᠠᠮᠠᠷᠠᠵᠤ ᠲᠤᠬᠠᠯᠠᠨ᠎ᠠ᠃
    ᠳᠦᠷᠭᠡᠨ᠎ᠡ ᠬᠠᠲᠤᠨ ᠶᠠᠮᠪᠠᠨ ᠦ᠌ ᠦᠷᠭᠦᠭᠡᠨ ᠦ᠌ ᠭᠣᠣᠯ ᠳ᠋ᠤ᠌ ᠪᠠᠢᠬᠤ ᠮᠣᠳᠣᠨ ᠣᠩᠭᠣᠴᠠᠨ ᠳ᠋ᠤ᠌ ᠳᠦᠭᠦᠷᠭᠡᠭᠰᠡᠨ ᠷᠠᠰᠢᠶᠠᠨ ᠳ᠋ᠤ᠌ ᠣᠷᠣᠵᠤ ᠪᠠᠢᠯ᠎ᠠ᠃ ᠲᠡᠭᠦᠨ ᠦ᠌  ᠬᠠᠵᠠᠭᠤ ᠳ᠋ᠤ᠌ ᠰᠠᠭᠤᠬᠤ ᠹᠠᠲ᠋ᠢᠮᠠ ᠪᠣᠯᠣᠷ ᠯᠣᠩᠬᠣ ᠲᠠᠢ ᠤᠰᠤᠨ ᠦᠵᠦᠮ ᠦ᠋ᠨ ᠳᠠᠷᠠᠰᠤ ᠶ᠋ᠢ ᠠᠯᠲᠠᠨ ᠬᠤᠨᠳᠠᠭᠠᠨ ᠳ᠋ᠤ᠌ ᠬᠢᠨ᠂ ᠳᠦᠷᠭᠡᠨ᠎ᠡ ᠬᠠᠲᠤᠨ ᠳ᠋ᠤ᠌ ᠪᠠᠷᠢᠬᠤ ᠳ᠋ᠤ᠌ ᠲᠡᠷᠡ ᠪᠡᠷ ᠲᠠᠭᠠᠰᠢᠶᠠᠯᠠᠨ ᠠᠮᠰᠠᠬᠤ ᠵᠠᠭᠤᠷ᠎ᠠ ᠢᠰᠬᠦᠯᠡᠩ ᠠᠮᠲᠠ ᠨᠢ ᠠᠮᠠᠨ ᠳ᠋ᠤ᠌ ᠳᠦᠭᠦᠷᠴᠦ ᠪᠠᠭ᠎ᠠ ᠵᠡᠷᠭᠡ ᠶᠠᠷᠪᠠᠢᠨ ᠵᠠᠯᠭᠢᠯᠠᠵᠤ ᠪᠠᠢᠭ᠎ᠠ ᠬᠠᠷᠠᠭᠳᠠᠨ᠎ᠠ᠃ ᠲᠡᠷᠡ ᠤᠰᠤᠨ ᠦᠵᠦᠮ ᠦ᠋ᠨ ᠳᠠᠷᠠᠰᠤ ᠲᠠᠢ ᠬᠤᠨᠳᠠᠭ᠎ᠠ ᠶ᠋ᠢ ᠹᠠᠲ᠋ᠢᠮᠠ ᠳ᠋ᠤ᠌ ᠥᠭᠭᠦᠩᠬᠡᠨ ᠣᠩᠭᠣᠴᠠ ᠲᠠᠢ ᠷᠠᠰᠢᠶᠠᠨ ᠳᠣᠲᠣᠷ᠎ᠠ ᠠ᠋ᠴᠠ ᠪᠠᠨ ᠥᠨᠳᠡᠢᠨ᠂ ᠲᠡᠭᠦᠨ ᠦ᠌ ᠴᠢᠷᠠᠢ ᠶ᠋ᠢ ᠨᠤᠬᠤᠴᠠ ᠲᠠᠢ ᠠᠵᠢᠭᠯᠠᠨ ᠬᠠᠷᠠᠭᠠᠳ᠂
    — ᠨᠠᠳᠠ ᠳ᠋ᠤ᠌ ᠴᠢᠮ᠎ᠠ ᠡᠴᠡ ᠥᠭᠡᠷ᠎ᠡ ᠢᠲᠡᠭᠡᠯ ᠲᠡᠢ ᠬᠥᠮᠦᠨ ᠬᠡᠷᠡᠭᠲᠡᠢ ᠪᠠᠢᠨ᠎ᠠ ᠭᠡᠵᠦ ᠨᠡᠮᠡᠵᠦ ᠬᠡᠯᠡᠯ᠎ᠡ᠃ ᠹᠠᠲ᠋ᠢᠮᠠ᠂ ᠬᠠᠲᠤᠨ ᠤ᠋ ᠬᠡᠯᠡᠭᠰᠡᠨ ᠦᠭᠡ ᠶ᠋ᠢ ᠡᠷᠭᠢᠴᠡᠭᠦᠯᠦᠨ ᠭᠠᠢᠬᠠᠬᠤ ᠵᠠᠭᠤᠷ᠎ᠠ ᠡᠮᠦᠨ᠎ᠡ ᠨᠢ ᠰᠥᠬᠥᠷᠡᠨ ᠰᠠᠭᠤᠵᠤ᠂
    —ᠬᠠᠲᠤᠨᠲᠠᠨ ᠮᠢᠨᠢ᠂ ᠪᠢ ᠲᠠᠨ ᠤ᠋ ᠢᠲᠡᠭᠡᠯ ᠢ᠋ ᠠᠯᠳᠠᠭᠰᠠᠨ ᠤᠳᠠᠭ᠎ᠠ ᠦᠭᠡᠢ ᠪᠢᠯᠡ᠃ ᠥᠷᠥᠰᠢᠶᠡᠵᠦ ᠬᠠᠢᠷᠠᠯᠠ ᠭᠡᠮᠡᠨ ᠭᠤᠶᠤᠵᠤ ᠬᠡᠯᠡᠬᠦ ᠳᠤ ᠳᠦᠷᠭᠡᠨ᠎ᠡ ᠬᠠᠲᠤᠨ ᠤ᠋ ᠴᠢᠷᠠᠢ ᠳ᠋ᠤ᠌ ᠢᠨᠢᠶᠡᠮᠰᠦᠭᠯᠡᠯ ᠲᠣᠳᠣᠷᠠᠵᠤ᠂
    —ᠨᠠᠳᠠ ᠳ᠋ᠤ᠌ ᠴᠢᠮ᠎ᠠ ᠠ᠋ᠴᠠ ᠭᠠᠳᠠᠨ᠎ᠠ ᠢᠲᠡᠭᠡᠯ ᠲᠡᠢ ᠬᠥᠮᠦᠨ ᠬᠡᠷᠡᠭ ᠲᠡᠢ ᠪᠠᠢᠨ᠎ᠠ ᠭᠡᠵᠦ ᠬᠡᠯᠡᠯ᠎ᠡ᠃ ᠹᠠᠲ᠋ᠢᠮᠠ ᠰᠠᠶᠢ ᠤᠴᠢᠷ ᠢ᠋ ᠨᠢ ᠣᠢᠯᠠᠭᠠᠵᠤ ᠳᠡᠭᠡᠭᠰᠢ ᠥᠨᠳᠡᠢᠬᠦ ᠳ᠋ᠦ᠍᠂
    —ᠬᠠᠭᠠᠨ ᠤ᠋ ᠰᠠᠩ ᠊ᠢ ᠠᠷᠪᠢᠵᠢᠭᠤᠯᠬᠤ ᠦᠨᠡᠨᠴᠢ ᠢᠲᠡᠭᠡᠯ ᠲᠡᠢ ᠬᠥᠮᠦᠨ ᠢ᠋ ᠲᠠᠯ᠎ᠠ ᠨᠤᠲᠤᠭ ᠠ᠋ᠴᠠ ᠬᠠᠢᠵᠤ ᠣᠯᠬᠤ ᠳ᠋ᠤ᠌ ᠪᠡᠷᠬᠡ᠂ ᠮᠠᠨ ᠤ᠋ ᠬᠢᠨ ᠮᠠᠢᠮᠠᠢ ᠶ᠋ᠢᠨ ᠤᠬᠠᠭᠠᠨ ᠳ᠋ᠤ᠌ ᠲᠠᠭᠠᠷᠠᠤ᠂ ᠬᠠᠷᠢᠨ ᠲᠠᠨ ᠤ᠋ ᠨᠤᠲᠤᠭ ᠤ᠋ᠨ ᠬᠥᠮᠦᠨ ᠣᠨᠳᠣᠣ᠂ ᠴᠢ ᠨᠠᠳᠠ ᠳ᠋ᠤ᠌ ᠥᠪᠡᠷ ᠦ᠋ᠨ ᠨᠤᠲᠤᠭ ᠤ᠋ᠨ ᠬᠠᠮᠤᠭ ᠤ᠋ᠨ ᠰᠠᠢᠨ ᠮᠠᠢᠮᠠᠢᠴᠢᠨ᠂ ᠢᠲᠡᠭᠡᠯᠲᠦ ᠬᠥᠮᠦᠨ ᠢ᠋ ᠣᠯᠵᠤ ᠥᠭ ᠭᠡᠵᠦ ᠬᠡᠯᠡᠯ᠎ᠡ᠃ ᠹᠲ᠋ᠢᠮᠠ ᠬᠠᠲᠤᠨ ᠤ᠋ ᠦᠭᠡ ᠶ᠋ᠢ ᠲᠤᠩᠭᠠᠨ ᠪᠣᠳᠣᠵᠤ ᠪᠠᠢᠭ᠎ᠠ ᠪᠣᠯᠤᠯᠲᠠᠢ ᠬᠡᠰᠡᠭ ᠴᠢᠮᠡᠭᠡ ᠦᠭᠡᠢ ᠰᠠᠭᠤᠭᠠᠳ᠂
    — ᠨᠢᠭᠡ ᠬᠥᠮᠦᠨ ᠪᠣᠢ᠂ ᠬᠠᠷᠠᠬᠣᠷᠣᠮ ᠳ᠋ᠤ᠌ ᠪᠠᠢᠭ᠎ᠠ ᠬᠤᠳᠠᠯᠳᠤᠭᠠᠴᠢᠳ ᠤ᠋ᠨ ᠠᠬᠠᠯᠠᠭᠴᠢ᠂ ᠲᠡᠷᠡ ᠬᠥᠮᠦᠨ ᠢ᠋ ᠲᠠᠨ ᠳ᠋ᠤ᠌ ᠪᠠᠷᠠᠯᠬᠠᠭᠤᠯᠵᠤ ᠪᠣᠯᠬᠤ ᠤᠤ ᠬᠡᠮᠡᠯ᠎ᠡ᠃
    ᠬᠡᠳᠦ ᠬᠣᠨᠣᠭ ᠤ᠋ᠨ ᠳᠠᠷᠠᠭ᠎ᠠ ᠳᠦᠷᠭᠡᠨ᠎ᠡ ᠬᠠᠲᠤᠨ ᠤ᠋ ᠦᠷᠭᠦᠭᠡᠨ ᠳ᠋ᠦ᠍ ᠰᠢᠪᠡᠭᠴᠢᠨ ᠹᠠᠲ᠋ᠢᠮᠠ ᠭᠠᠳᠠᠨ᠎ᠠ ᠠ᠋ᠴᠠ ᠨᠢᠭᠡ ᠬᠥᠮᠦᠨ ᠦ᠌ ᠬᠠᠮᠲᠤ ᠣᠷᠣᠵᠤ ᠢᠷᠡᠯ᠎ᠡ᠃ ᠶᠡᠬᠡᠰ ᠳᠡᠭᠡᠳᠦᠰ ᠲᠦ᠍ ᠪᠠᠷᠠᠯᠬᠠᠬᠤ ᠶᠡᠬᠡ ᠶᠣᠰᠣ ᠶ᠋ᠢ ᠠᠯᠭᠠᠰᠠᠨ ᠣᠷᠣᠵᠤ ᠢᠷᠡᠭᠰᠡᠨ ᠡᠨᠡ ᠬᠥᠮᠦᠨ᠂ ᠬᠠᠲᠤᠨ ᠤ᠋ ᠡᠮᠦᠨ᠎ᠡ ᠬᠦᠨᠳᠦᠳᠬᠡᠯ ᠢᠯᠡᠷᠬᠡᠢᠯᠡᠭᠡᠳ ᠰᠥᠬᠥᠷᠡᠨ ᠰᠠᠭᠤᠯ᠎ᠠ᠃ ᠹᠠᠲ᠋ᠢᠮᠠ ᠬᠠᠲᠤᠨ ᠤ᠋ ᠡᠮᠦᠨ᠎ᠡ ᠣᠴᠢᠨ᠂
    — ᠡᠨᠡ ᠬᠥᠮᠦᠨ ᠪᠣᠯ ᠬᠤᠳᠠᠯᠳᠤᠭᠠᠴᠢᠨ ᠠᠪᠲᠤᠯ ᠷᠠᠬᠠᠮᠠᠨ᠂ ᠬᠠᠲᠤᠨᠲᠠᠨ ᠲᠠᠨ ᠳ᠋ᠤ᠌ ᠪᠠᠷᠠᠯᠬᠠᠨ ᠬᠦᠨᠳᠦᠳᠬᠡᠯ ᠦᠵᠡᠭᠦᠯᠬᠦ ᠪᠡᠷ ᠢᠷᠡᠵᠡᠢ᠃ ᠠᠪᠲᠤᠯ ᠷᠠᠬᠠᠮᠠᠨ ᠬᠠᠲᠤᠨ ᠤ᠋ ᠡᠮᠦᠨ᠎ᠡ ᠪᠡᠯᠡᠭ ᠰᠡᠯᠲᠡ ᠶ᠋ᠢ ᠲᠠᠯᠪᠢᠵᠤ᠂  
    — ᠬᠠᠲᠤᠨ ᠲᠠᠨ ᠤ᠋ ᠠᠯᠳᠠᠷ ᠰᠤᠤ ᠶ᠋ᠢ ᠲᠠᠯ᠎ᠠ ᠨᠤᠲᠤᠭ ᠲᠤ᠌ ᠳᠣᠮᠣᠭ ᠪᠣᠯᠭᠠᠨ ᠶᠠᠷᠢᠯᠴᠠᠳᠠᠭ ᠶᠤᠮ᠃ ᠤᠬᠠᠭᠠᠨᠲᠤ ᠬᠠᠲᠤᠨ ᠳ᠋ᠤ᠌ ᠪᠠᠷᠠᠯᠬᠠᠨ ᠬᠦᠨᠳᠦᠳᠬᠡᠯ ᠦᠵᠡᠭᠦᠯᠬᠦ ᠪᠡᠷ ᠢᠷᠡᠯ᠎ᠡ᠃ ᠡᠨᠡ ᠪᠣᠯ ᠨᠡᠷ᠎ᠡ ᠲᠥᠷᠥ ᠶ᠋ᠢᠨ ᠬᠡᠷᠡᠭ ᠭᠡᠯ᠎ᠡ ᠳᠦᠷᠭᠡᠨ᠎ᠡ ᠬᠠᠲᠤᠨ ᠠᠪᠲᠤᠯ ᠷᠠᠬᠠᠮᠠᠨ ᠢ᠋ ᠪᠣᠯᠪᠠᠰᠤᠨ ᠬᠢᠭᠡᠳ ᠥᠪᠡᠷ ᠲᠤᠨᠢ ᠭᠦᠨ ᠬᠦᠨᠳᠦᠳᠬᠡᠯ ᠦᠵᠡᠭᠦᠯᠦᠨ ᠪᠣᠢ ᠪᠠᠢᠳᠠᠯ᠂ ᠠᠪᠴᠢᠷᠠᠭᠰᠠᠨ ᠪᠡᠯᠡᠭ ᠰᠡᠯᠲᠡ ᠶ᠋ᠢ ᠬᠠᠷᠠᠭᠠᠳ᠂    
    — ᠠᠪᠲᠤᠯ ᠷᠠᠬᠠᠮᠠᠨ ᠭᠡᠨ᠎ᠡ᠂ ᠨᠠᠭᠠᠰᠢ ᠣᠢᠷᠠᠲᠤ᠃ ᠴᠢᠨᠦ ᠦᠨᠡᠨ ᠨᠢᠭᠤᠷ ᠴᠢᠷᠠᠢ ᠶ᠋ᠢ ᠪᠢ ᠬᠠᠷᠠᠬᠤ ᠶ᠋ᠢ ᠬᠦᠰᠡᠵᠦ ᠪᠠᠢᠨ᠎ᠠ ᠭᠡᠵᠦ ᠬᠡᠯᠡᠯ᠎ᠡ᠃ ᠠᠪᠲᠤᠯ ᠷᠠᠬᠠᠮᠠᠨ ᠳᠡᠭᠡᠭᠰᠢ ᠥᠨᠳᠡᠢᠨ ᠬᠠᠲᠤᠨ ᠤ᠋ ᠡᠮᠦᠨ᠎ᠡ ᠣᠴᠢᠵᠤ᠂ ᠶᠡᠬᠡᠰ ᠳᠡᠭᠡᠳᠦᠰ ᠲᠡᠢ ᠬᠠᠷᠠᠴᠠ ᠮᠥᠷᠭᠥᠯᠳᠦᠬᠦ ᠦᠭᠡᠢ ᠶ᠋ᠢᠨ ᠲᠤᠯᠠᠳᠠ ᠳᠣᠭᠣᠭᠰᠢ ᠬᠠᠷᠠᠨ ᠰᠠᠭᠤᠯ᠎ᠠ᠃ ᠬᠠᠲᠤᠨᠲᠠᠨ ᠠᠪᠲᠤᠯ ᠷᠠᠬᠠᠮᠠᠨ ᠤ᠋ ᠴᠢᠷᠠᠢ ᠶ᠋ᠢ ᠬᠡᠰᠡᠭ ᠠᠵᠢᠭᠯᠠᠨ ᠬᠠᠷᠠᠭᠠᠳ᠂ ᠴᠢᠷᠠᠢ ᠪᠠᠨ ᠲᠥᠪ ᠪᠣᠯᠭᠠᠨ ᠬᠠᠲᠤᠨ ᠤ᠋ ᠡᠮᠦᠨ᠎ᠡ ᠳᠣᠭᠣᠭᠰᠢ ᠬᠠᠷᠠᠨ ᠰᠠᠭᠤᠬᠤ ᠡᠨᠡ ᠡᠷ᠎ᠡ ᠳ᠋ᠦ᠍ ᠢᠲᠡᠭᠡᠵᠦ ᠪᠣᠯᠬᠤ ᠡᠰᠡᠬᠦ ᠶ᠋ᠢ ᠮᠡᠳᠡᠬᠦ ᠦᠭᠡᠢ ᠲᠤᠯᠠ ᠲᠤᠷᠰᠢᠵᠤ ᠦᠵᠡᠬᠦ ᠪᠡᠷ ᠰᠢᠢᠳᠪᠡ᠃       
    — ᠪᠢ ᠴᠢᠮ᠎ᠠ ᠳ᠋ᠤ᠌ ᠨᠢᠭᠡ ᠠᠵᠢᠯ ᠳᠠᠭᠠᠭᠠᠯᠭᠠᠶ᠎ᠠ᠂ ᠬᠡᠷᠪᠡ ᠴᠢ ᠡᠨᠡ ᠬᠡᠷᠡᠭ ᠢ᠋ ᠪᠦᠲᠦᠭᠡᠵᠦ ᠮᠢᠨᠦ ᠢᠲᠡᠭᠡᠯ ᠢ᠋ ᠣᠯᠬᠤ ᠠᠪᠠᠰᠤ ᠴᠢᠮᠠᠢ᠍ᠢ ᠪᠢ ᠥᠪᠡᠷ ᠦ᠋ᠨ ᠨᠥᠮᠥᠷᠢ ᠨᠥᠭᠡᠯᠭᠡ ᠳ᠋ᠡᠭᠡᠨ ᠪᠠᠭᠲᠠᠭᠠᠨ ᠠᠪᠬᠤ ᠪᠣᠯᠤᠨ᠎ᠠ᠂ ᠡᠰᠡ ᠴᠢᠳᠠᠪᠠᠰᠤ ᠴᠢᠨᠦ ᠲᠣᠯᠣᠭᠠᠢ ᠶ᠋ᠢ ᠠᠪᠤᠨ᠎ᠠ ᠭᠡᠵᠦ ᠬᠡᠯᠡᠯ᠎ᠡ᠃ ᠠᠪᠲᠤᠯ ᠷᠠᠬᠠᠮᠠᠨ ᠬᠠᠲᠤᠨ ᠤ᠋ ᠡᠮᠦᠨ᠎ᠡ ᠲᠣᠩᠭᠣᠢᠭᠰᠠᠨ ᠬᠡᠪ ᠢ᠋ᠶ᠋ᠡᠷ᠂ 
    — ᠬᠠᠲᠤᠨᠲᠠᠨ ᠲᠠᠨ ᠤ᠋ ᠲᠠᠭᠠᠯᠠᠯ ᠮᠡᠳᠡᠲᠦᠭᠡᠢ ᠭᠡᠵᠦ ᠬᠡᠯᠡᠯ᠎ᠡ᠃  
    — ᠪᠢ ᠴᠢᠮᠠᠢ᠍ᠢ ᠲᠠᠲᠠᠪᠤᠷᠢ ᠬᠤᠷᠢᠶᠠᠭᠴᠢᠳ ᠤ᠋ᠨ ᠳᠤᠮᠳᠠ ᠣᠷᠣᠭᠤᠯᠬᠤ ᠪᠣᠯᠤᠨ᠎ᠠ᠃ ᠡᠨᠡ ᠡᠳᠦᠷ ᠡᠴᠡ ᠬᠣᠢᠰᠢ ᠴᠢ ᠲᠠᠲᠠᠪᠤᠷᠢ ᠬᠤᠷᠢᠶᠠᠭᠴᠢᠳ ᠤ᠋ᠨ ᠠᠬᠠᠯᠠᠭᠴᠢ ᠶ᠋ᠢ ᠳᠡᠩᠳᠡᠵᠦ᠂ ᠠᠪᠴᠤ ᠪᠠᠢᠭ᠎ᠠ ᠲᠠᠲᠠᠪᠤᠷᠢ᠂ ᠬᠠᠭᠠᠨ ᠤ᠋ ᠰᠠᠩ ᠳ᠋ᠤ᠌ ᠴᠤᠭᠯᠠᠷᠠᠵᠤ ᠪᠠᠢᠭ᠎ᠠ ᠬᠥᠷᠥᠩᠭᠡ ᠬᠣᠶᠠᠷ ᠤ᠋ᠨ ᠵᠥᠷᠢᠶ᠎ᠡ ᠶ᠋ᠢ ᠣᠯᠵᠤ ᠮᠡᠳᠡ᠃ ᠬᠡᠷᠪᠡ ᠴᠢ ᠠᠵᠢᠯ ᠢ᠋ ᠰᠠᠢᠨ ᠬᠢᠪᠡᠯ ᠴᠢᠮᠠᠢ᠍ᠢ ᠳᠡᠭᠡᠭᠰᠢ ᠲᠣᠮᠢᠯᠠᠬᠤ ᠪᠣᠯᠤᠨ᠎ᠠ ᠭᠡᠵᠦ ᠬᠡᠯᠡᠭᠡᠳ ᠭᠠᠷᠭᠠᠯ᠎ᠠ᠃  
     ᠲᠣᠷᠭᠠᠨ ᠵᠠᠮ ᠳᠠᠭᠠᠤ ᠬᠢ ᠬᠤᠳᠠᠯᠳᠤᠭᠠᠴᠢᠳ ᠢ᠋ ᠥᠪᠡᠷ ᠦ᠋ᠨ ᠬᠢᠨᠠᠯᠲᠠ ᠳ᠋ᠤ᠌ ᠪᠠᠢᠯᠭᠠᠬᠤ᠂ ᠴᠢᠨᠠᠭᠰᠢᠯᠠᠭᠠᠳ ᠬᠠᠭᠠᠨ ᠤ᠋ ᠰᠠᠩ ᠳ᠋ᠤ᠌ ᠢᠷᠡᠬᠦ ᠣᠯᠵᠠ ᠣᠮᠣᠭ ᠢ᠋ ᠨᠡᠮᠡᠭᠳᠡᠭᠦᠯᠬᠦ ᠳ᠋ᠦ᠍ ᠥᠪᠡᠷ ᠦ᠋ᠨ ᠢᠲᠡᠭᠡᠯᠲᠦ ᠬᠥᠮᠦᠨ ᠬᠡᠷᠡᠭ ᠲᠡᠢ᠃ ᠠᠪᠲᠤᠯ ᠷᠠᠬᠠᠮᠠᠨ ᠢ᠋ ᠭᠠᠷᠴᠤ ᠶᠠᠪᠤᠭᠰᠠᠨ ᠤ᠋ ᠳᠠᠷᠠᠭ᠎ᠠ ᠳᠦᠷᠭᠡᠨ᠎ᠡ ᠬᠠᠲᠤᠨ ᠡᠢᠨ ᠪᠣᠳᠣᠯ᠎ᠠ᠃ ᠣᠯᠠᠨ ᠵᠢᠯ ᠬᠠᠮᠲᠤ ᠶᠠᠪᠤᠭᠰᠠᠨ ᠦᠨᠡᠨᠴᠢ ᠵᠠᠷᠤᠴᠠ ᠹᠠᠲ᠋ᠢᠮᠠ ᠲᠡᠭᠦᠨ ᠳ᠋ᠦ᠍ ᠬᠡᠷᠡᠭ ᠦᠭᠡᠢ ᠨᠢᠭᠡᠨ ᠢ᠋ ᠲᠠᠨᠢᠯᠴᠠᠭᠤᠯᠬᠤ ᠦᠭᠡᠢ ᠨᠢ ᠲᠣᠳᠣᠷᠬᠠᠢ᠃ ᠡᠨᠡ ᠡᠳᠦᠷ ᠡᠴᠡ ᠬᠣᠢᠰᠢ ᠠᠪᠲᠤᠯ ᠷᠠᠬᠠᠮᠠᠨ ᠬᠠᠲᠤᠨ ᠤ᠋ ᠥᠷᠭᠥᠭᠡ ᠪᠡᠷ ᠪᠠᠢᠩᠭᠤ ᠣᠷᠣᠵᠤ ᠭᠠᠷᠳᠠᠭ ᠪᠣᠯᠤᠭᠰᠠᠨ ᠪᠠᠢᠪᠠ ᠳᠦᠷᠭᠡᠨ᠎ᠡ ᠬᠠᠲᠤᠨ ᠶᠠᠭᠤᠨ ᠤ᠋ ᠤᠴᠢᠷ ᠡᠨᠡ ᠬᠥᠮᠦᠨ ᠲᠡᠢ ᠳᠣᠲᠣᠨᠣᠰᠣᠭ ᠪᠣᠯᠤᠭᠰᠠᠨ ᠤᠴᠢᠷ ᠰᠢᠯᠲᠠᠭᠠᠨ ᠬᠢᠭᠡᠳ ᠹᠠᠲ᠋ᠢᠮᠠ᠂ ᠠᠪᠲᠤᠯ ᠷᠠᠬᠠᠮᠠᠨ ᠬᠣᠶᠠᠷ ᠬᠣᠭᠣᠷᠣᠨᠳᠣ ᠪᠠᠨ ᠶᠠᠮᠠᠷ ᠬᠣᠯᠪᠣᠭ᠎ᠠ ᠰᠦᠯᠪᠡᠭᠡ ᠲᠡᠢ ᠶ᠋ᠢ ᠬᠡᠨ ᠴᠦ᠍ ᠲᠠᠭᠠᠪᠤᠷᠢᠯᠠᠨ ᠮᠡᠳᠡᠬᠦ ᠦᠭᠡᠢ ᠪᠠᠢᠯ᠎ᠠ᠃
    ᠥᠭᠡᠳᠡᠢ ᠬᠠᠭᠠᠨ ᠦᠷᠭᠦᠭᠡᠨ ᠡᠴᠡ ᠪᠡᠨ ᠭᠠᠷᠤᠭᠠᠳ ᠣᠯᠠᠨ ᠬᠠᠲᠤᠳ ᠠ᠋ᠴᠠ ᠪᠠᠨ ᠣᠨᠴᠠᠭᠠᠢᠯᠠᠨ ᠳᠦᠷᠭᠡᠨ᠎ᠡ ᠬᠠᠲᠤᠨ ᠤ᠋ ᠦᠷᠭᠦᠭᠡᠨ ᠳ᠋ᠦ᠍ ᠮᠣᠷᠢᠯᠠᠯ᠎ᠠ᠃ ᠭᠡᠪᠡᠴᠦ ᠡᠨᠡ ᠬᠠᠭᠠᠨ ᠡᠵᠡᠨ ᠦ᠌ ᠥᠪᠡᠷ ᠦ᠋ᠨ ᠰᠣᠩᠭᠣᠯᠲᠠ ᠪᠢᠰᠢ ᠳᠦᠷᠭᠡᠨ᠎ᠡ ᠬᠠᠲᠤᠨ ᠡᠵᠡᠨ ᠬᠠᠭᠠᠨ ᠢ᠋ ᠦᠷᠭᠦᠭᠡᠨ ᠳ᠋ᠡᠭᠡᠨ ᠤᠷᠢᠭᠰᠠᠨ ᠬᠡᠷᠡᠭ ᠪᠠᠢᠭᠰᠠᠨ ᠪᠠᠢᠪᠠ᠃ ᠡᠵᠡᠨᠲᠦ ᠭᠦᠷᠦᠨ ᠦ᠌ ᠬᠠᠲᠤᠨ ᠭᠡᠳᠡᠭ ᠡᠷᠬᠡ ᠮᠠᠲᠠᠯ ᠳᠦᠭᠦᠷᠡᠩ ᠬᠡᠳᠦᠢ ᠴᠦ᠍ ᠡᠷ᠎ᠡ ᠨᠥᠬᠥᠷ ᠲᠡᠭᠡᠨ ᠡᠮ᠎ᠡ ᠬᠥᠮᠦᠨ ᠦ᠌ ᠶᠣᠰᠣᠭᠠᠷ ᠡᠷᠬᠡᠯᠡᠨ ᠰᠠᠭᠤᠬᠤ ᠴᠠᠭ ᠬᠣᠪᠣᠷ᠃ ᠨᠠᠰᠤ ᠠᠬᠢᠵᠤ ᠪᠠᠢᠭ᠎ᠠ ᠬᠠᠲᠤᠨ ᠳ᠋ᠤ᠌ ᠬᠠᠭᠠᠨ ᠡᠵᠡᠨ ᠦ᠌ ᠪᠠᠷᠠᠯᠬᠠᠨ ᠢᠷᠡᠭᠰᠡᠨ ᠶᠠᠪᠤᠳᠠᠯ ᠪᠣᠯ ᠴᠥᠭᠡᠨ ᠲᠣᠬᠢᠶᠠᠯᠳᠤᠬᠤ ᠬᠣᠪᠣᠷᠬᠠᠨ ᠪᠣᠯᠤᠮᠵᠢ ᠨᠤᠭᠤᠳ ᠤ᠋ᠨ ᠨᠢᠭᠡ ᠶᠤᠮ᠃ ᠥᠭᠡᠳᠡᠢ ᠬᠠᠭᠠᠨ ᠨᠡᠯᠢᠶᠡᠳ ᠬᠠᠯᠠᠮᠴᠠᠭᠰᠠᠨ ᠪᠠᠢᠷᠢ ᠲᠠᠢ ᠬᠠᠲᠤᠨ ᠢ᠋ᠶ᠋ᠠᠨ ᠬᠠᠷᠠᠵᠤ ᠰᠠᠭᠤᠯ᠎ᠠ᠃ ᠳᠦᠷᠭᠡᠨ᠎ᠡ᠂ ᠬᠠᠭᠠᠨ ᠢ᠋ ᠣᠷᠣᠵᠤ ᠢᠷᠡᠬᠦ ᠳ᠋ᠦ᠍ ᠤᠭᠲᠤᠨ ᠠᠪᠬᠤ ᠪᠠᠷ ᠱ᠌ᠢᠷᠦᠨ ᠤᠨᠵᠢᠯᠭ᠎ᠠ ᠲᠠᠢ ᠪᠣᠭᠲᠣ ᠮᠠᠯᠠᠭᠠᠢ ᠪᠠᠨ ᠲᠠᠯᠪᠢᠵᠤ᠂ ᠱᠠ ᠲᠠᠢ ᠲᠣᠷᠭᠠᠨ ᠤᠤᠵᠢ ᠡᠮᠦᠰᠴᠡᠢ᠃ ᠲᠠᠯ᠎ᠠ ᠨᠤᠲᠤᠭ ᠤ᠋ᠨ ᠡᠮᠡᠭᠲᠡᠢ ᠶ᠋ᠢᠨ ᠰᠢᠨᠵᠢ ᠶ᠋ᠢ ᠪᠦᠷᠢᠨ ᠬᠠᠷᠠᠭᠤᠯᠬᠤ ᠵᠢᠵᠢᠭᠬᠡᠨ ᠳᠠᠪᠬᠤᠷ᠎ᠠ ᠲᠠᠢ ᠨᠢᠳᠦ᠂ ᠨᠠᠮᠬᠠᠨ ᠬᠠᠮᠠᠷ᠂ ᠲᠣᠮᠣ ᠬᠠᠴᠠᠷ ᠲᠠᠢ ᠡᠨᠡ ᠡᠮᠡᠭᠲᠡᠢ ᠴᠠᠭ ᠬᠤᠭᠤᠴᠠᠭ᠎ᠠ ᠥᠩᠭᠡᠷᠡᠬᠦ ᠶ᠋ᠢᠨ ᠬᠢᠷᠢ ᠪᠡᠷ ᠨᠠᠰᠤ ᠨᠡᠮᠡᠵᠦ᠂ ᠪᠠᠭᠤᠷᠢ ᠰᠠᠭᠤᠭᠰᠠᠨ ᠬᠠᠷᠠᠭᠳᠠᠨ᠎ᠠ᠃
    — ᠬᠠᠲᠤᠨ ᠲᠠ ᠠᠩᠬ᠎ᠠ ᠨᠠᠳᠠ ᠳ᠋ᠤ᠌ ᠢᠷᠡᠵᠦ ᠪᠠᠢᠬᠤ ᠳ᠋ᠠᠭᠠᠨ ᠭᠤᠷᠪᠠᠨ ᠡᠳᠦᠷ᠂ ᠭᠤᠷᠪᠠᠨ ᠰᠥᠨᠢ ᠤᠬᠢᠯᠠᠵᠤ ᠶᠡᠬᠡ ᠭᠠᠰᠢᠭᠤ ᠶ᠋ᠢ ᠦᠢᠯᠡᠳᠴᠦ ᠪᠠᠢᠭᠰᠠᠨ ᠢ᠋ ᠴᠢᠨᠢ ᠮᠡᠳᠡᠬᠦ ᠶᠤᠮ᠃ ᠲᠡᠷᠡ ᠦᠶ᠎ᠡ ᠳ᠋ᠦ᠍ ᠪᠢ ᠡᠷ᠎ᠡ ᠬᠥᠮᠦᠨ ᠦ᠌ ᠶᠣᠰᠣᠭᠠᠷ ᠠᠭᠤᠷ ᠮᠢᠨᠢ ᠪᠠᠷᠠᠭᠳᠠᠵᠤ᠂ ᠡᠬᠡᠨᠡᠷ ᠢ᠋ᠶ᠋ᠡᠨ ᠡᠵᠡᠮᠳᠡᠬᠦ ᠶ᠋ᠢᠨ ᠶᠣᠰᠣ ᠪᠠᠷ ᠴᠡᠭᠡᠵᠢ ᠮᠢᠨᠢ ᠳᠦᠭᠦᠷᠴᠦ ᠪᠠᠢᠭᠰᠠᠨ᠃ ᠬᠠᠷᠢᠨ ᠬᠠᠭᠠᠨ ᠡᠴᠢᠭᠡ ᠮᠢᠨᠢ ᠨᠠᠳᠠ ᠳ᠋ᠤ᠌《ᠡᠨᠡ ᠬᠡᠦᠬᠡᠨ ᠡᠷ᠎ᠡ ᠪᠡᠨ ᠠᠯᠲᠠᠨ ᠡᠢᠨ ᠭᠠᠰᠢᠭᠤᠳᠠᠵᠤ ᠪᠠᠢᠭ᠎ᠠ ᠨᠢ ᠡᠷ᠎ᠡ ᠨᠥᠬᠥᠷ ᠲᠡᠭᠡᠨ ᠦᠨᠡᠨᠴᠢ ᠶᠠᠪᠤᠭᠰᠠᠨ ᠤ᠋ ᠬᠢ᠂ ᠡᠨᠡ ᠮᠡᠲᠦ ᠠᠷᠠᠨᠰᠢᠨ ᠢ᠋ᠶ᠋ᠠᠷ ᠦᠨᠡᠨ ᠶᠠᠪᠤᠬᠤ ᠠᠪᠠᠰᠤ ᠬᠣᠵᠢᠮ ᠤ᠋ᠨ ᠡᠳᠦᠷ ᠴᠢᠮ᠎ᠠ ᠳ᠋ᠤ᠌ ᠪᠠᠰᠠ ᠡᠢᠮᠦ ᠦᠨᠡᠨᠴᠢ ᠪᠠᠢᠬᠤ ᠪᠤᠰᠤ ᠤᠤ》 ᠭᠡᠮᠡᠨ ᠬᠡᠯᠡᠭᠰᠡᠨ ᠦ᠌ ᠳᠠᠷᠠᠭ᠎ᠠ ᠰᠠᠶᠢ ᠪᠢ ᠦᠨᠡᠨ ᠢ᠋ ᠣᠢᠯᠠᠭᠠᠵᠤ ᠪᠢᠯᠡ ᠭᠡᠵᠦ ᠬᠡᠯᠡᠭᠡᠳ ᠭᠦᠨᠵᠡᠭᠡᠢ ᠰᠠᠨᠠᠭ᠎ᠠ ᠠᠯᠲᠠᠨ᠂ 
    — ᠨᠠᠰᠤ ᠶᠠᠪᠤᠵᠤ᠂ ᠠᠮᠢᠳᠤᠷᠠᠯ ᠤ᠋ᠨ ᠦᠨᠡᠨ ᠢ᠋ ᠣᠢᠷ᠎ᠠ ᠬᠣᠯᠠ ᠶ᠋ᠢᠨ ᠵᠠᠢ ᠠ᠋ᠴᠠ ᠣᠯᠠᠨ ᠤᠳᠠᠭ᠎ᠠ ᠬᠠᠷᠠᠬᠤ ᠪᠦᠷᠢ ᠳ᠋ᠦ᠍ ᠨᠠᠮᠪᠠ ᠰᠠᠭᠤᠭᠰᠠᠨ ᠬᠠᠲᠤᠨ ᠮᠢᠨᠢ ᠴᠢ ᠨᠠᠳᠠ ᠳ᠋ᠤ᠌ ᠦᠨᠡᠨ ᠬᠡᠪ ᠢ᠋ᠶ᠋ᠡᠷ ᠦᠯᠡᠳᠡᠵᠡᠢ ᠳᠡ ᠭᠡᠳᠡᠭ ᠢ᠋ ᠣᠢᠯᠠᠭᠠᠬᠤ ᠪᠣᠯᠤᠯ᠎ᠠ ᠭᠡᠪᠡ᠃ ᠳᠦᠷᠭᠡᠨ᠎ᠡ ᠳ᠋ᠦ᠍ ᠡᠨᠡ ᠦᠭᠡ ᠰᠠᠢᠬᠠᠨ ᠰᠣᠨᠣᠰᠤᠭᠳᠠᠯ᠎ᠠ᠃ ᠣᠯᠠᠨ ᠵᠢᠯ ᠬᠡᠯᠡᠭᠡ ᠦᠭᠡᠢ ᠰᠠᠢᠬᠠᠨ ᠦᠭᠡ ᠶ᠋ᠢ ᠰᠡᠳᠬᠢᠯ ᠬᠠᠷᠠᠮ ᠦᠭᠡᠢ ᠬᠡᠯᠡᠨ ᠰᠠᠭᠤᠬᠤ ᠡᠵᠡᠨ ᠬᠠᠭᠠᠨ᠂ ᠡᠷ᠎ᠡ ᠨᠥᠬᠥᠷ ᠪᠣᠯᠤᠭᠰᠠᠨ ᠥᠭᠡᠳᠡᠢ ᠬᠠᠭᠠᠨ ᠳ᠋ᠤ᠌᠄
    — ᠬᠠᠭᠠᠨᠲᠠᠨ ᠮᠢᠨᠢ᠂ ᠰᠠᠢᠬᠠᠨ ᠴᠠᠭ ᠤ᠋ᠳ ᠤᠷᠤᠰᠤᠨ ᠥᠩᠭᠡᠷᠡᠭᠰᠡᠭᠡᠷ ᠯᠡ ᠪᠠᠢᠨ᠎ᠠ᠃ ᠨᠢᠭᠡᠨᠲᠡ ᠵᠠᠯᠠᠭᠤ ᠪᠠᠯᠴᠢᠷ ᠨᠠᠰᠤᠨ ᠳ᠋ᠤ᠌  ᠮᠢᠨᠢ ᠤᠴᠠᠷᠠᠭᠰᠠᠨ ᠬᠠᠭᠠᠨ ᠡᠵᠡᠨ ᠲᠠᠨ ᠳ᠋ᠤ᠌ ᠦᠨᠡᠨᠴᠢ ᠪᠠᠢᠬᠤ ᠨᠢ ᠡᠬᠡᠨᠡᠷ ᠮᠢᠨᠦ ᠦᠨᠡᠨ ᠪᠢᠯᠡ ᠭᠡᠮᠡᠨ ᠬᠡᠯᠡᠭᠡᠳ ᠥᠭᠡᠳᠡᠢ ᠬᠠᠭᠠᠨ ᠤ᠋ ᠭᠠᠷ ᠲᠠᠭᠠᠨ ᠪᠠᠷᠢᠵᠤ ᠪᠠᠢᠭ᠎ᠠ ᠠᠯᠲᠠᠨ ᠠᠶᠠᠭᠠᠲᠠᠢ ᠰᠠᠷᠬᠤᠳ ᠢ᠋ ᠲᠣᠰᠣᠨ ᠠᠪᠴᠤ ᠰᠢᠷᠡᠭᠡᠨ ᠳᠡᠭᠡᠷ᠎ᠡ ᠲᠠᠯᠪᠢᠭᠠᠳ᠂ 
    — ᠡᠵᠡᠨᠲᠦ ᠭᠦᠷᠦᠨ ᠬᠠᠶᠠᠭ᠎ᠠ ᠪᠠᠨ ᠲᠡᠯᠡᠵᠦ᠂ ᠵᠠᠬ᠎ᠠ ᠬᠢᠵᠠᠭᠠᠷ ᠦᠭᠡᠢ ᠮᠡᠲᠦ ᠦᠷᠭᠦᠯᠵᠢᠯᠡᠵᠦ ᠪᠠᠢᠭ᠎ᠠ ᠴᠤ᠌ ᠦᠨᠡᠨ ᠰᠡᠳᠬᠢᠯ ᠦᠭᠡᠢᠯᠡᠭᠳᠡᠨ ᠪᠠᠢᠬᠤ ᠰᠢᠭ᠋᠁ ᠬᠠᠭᠠᠨ ᠲᠠᠨ ᠤ᠋ ᠪᠡᠶ᠎ᠡ ᠰᠠᠢᠨ ᠦᠭᠡᠢ ᠬᠠᠷᠠᠭᠳᠠᠨ᠎ᠠ᠃ ᠡᠨᠡ ᠵᠠᠭᠤᠷ᠎ᠠ ᠳ᠋ᠤ᠌ ᠲᠥᠷᠥ ᠶ᠋ᠢᠨ ᠬᠡᠷᠡᠭ ᠴᠠᠯᠭᠠᠷᠳᠠᠬᠤ ᠪᠣᠢ ᠭᠡᠵᠦ ᠯᠡ ᠡᠮᠢᠶᠡᠵᠦ ᠰᠠᠭᠤᠬᠤ ᠶᠤᠮ᠃ ᠦᠨᠡᠨ ᠰᠡᠳᠬᠢᠯ ᠭᠡᠳᠡᠭ ᠥᠪᠡᠷ ᠦ᠋ᠨ ᠳᠣᠲᠣᠷ᠎ᠠ ᠪᠠᠢᠳᠠᠭ᠂ ᠬᠠᠯᠠᠭᠤᠨ ᠪᠦᠯᠢᠶᠡᠨ ᠬᠠᠨ ᠬᠥᠪᠡᠭᠦᠳ ᠴᠢᠨᠢ ᠡᠵᠡᠭᠦᠢ ᠡᠨᠡ ᠴᠠᠭ ᠲᠤ᠌ ᠲᠥᠷᠥ ᠤᠯᠤᠰ ᠰᠠᠮᠠᠭᠤᠷᠠᠬᠤ ᠪᠣᠢ ᠭᠡᠵᠦ ᠪᠣᠯᠭᠣᠮᠵᠢᠯᠠᠬᠤ ᠶᠤᠮ ᠭᠡᠵᠦ ᠬᠡᠯᠡᠭᠡᠳ ᠬᠠᠭᠠᠨ ᠤ᠋ ᠥᠭᠡᠳᠡ ᠡᠴᠡ ᠣᠢᠷᠠᠲᠤᠨ ᠣᠴᠢᠵᠤ ᠡᠩᠭᠡᠷ ᠲᠤᠨᠢ ᠬᠠᠴᠠᠷ ᠢ᠋ᠶ᠋ᠠᠨ ᠨᠠᠭᠠᠯ᠎ᠠ᠃
    — ᠬᠠᠭᠠᠨᠲᠠᠨ ᠲᠠ ᠰᠤᠷᠬᠠᠭᠲᠠᠨᠢ ᠳ᠋ᠤ᠌ ᠢᠲᠡᠭᠡᠯ ᠦᠵᠡᠭᠦᠯᠦᠨ ᠲᠥᠷᠥ ᠶ᠋ᠢᠨ ᠬᠡᠷᠡᠭ  ᠳᠠᠭᠠᠭᠠᠯᠭᠠᠨ ᠦᠯᠡᠳᠡᠭᠡᠵᠦ ᠪᠠᠢᠭᠰᠠᠨ᠂ ᠨᠠᠳᠠ ᠳ᠋ᠤ᠌ ᠰᠤᠷᠬᠠᠭᠲᠠᠨᠢ ᠠ᠋ᠴᠠ ᠳᠤᠲᠠᠬᠤ ᠵᠦᠢᠯ ᠶᠠᠭᠤ ᠪᠢᠯᠡ᠃ ᠪᠢ ᠲᠥᠷᠥ ᠶ᠋ᠢᠨ ᠵᠠᠷᠢᠮ ᠬᠡᠷᠡᠭ ᠢ᠋ ᠰᠢᠢᠳᠴᠦ ᠪᠠᠢᠶ᠎ᠠ ᠭᠡᠵᠦ ᠨᠡᠮᠡᠵᠦ ᠬᠡᠯᠡᠯ᠎ᠡ᠃ 
       《ᠨᠠᠳᠠ ᠳ᠋ᠤ᠌ ᠰᠤᠷᠬᠠᠭᠲᠠᠨᠢ ᠠ᠋ᠴᠠ ᠳᠤᠲᠠᠬᠤ ᠵᠦᠢᠯ ᠶᠠᠭᠤ ᠪᠢᠯᠡ》 ᠭᠡᠰᠡᠨ ᠬᠠᠲᠤᠨ ᠤ᠋ ᠦᠭᠡ ᠥᠭᠡᠳᠡᠢ ᠬᠠᠭᠠᠨ ᠳ᠋ᠤ᠌ ᠨᠢᠭᠡ ᠶ᠋ᠢ ᠪᠣᠳᠣᠭᠳᠠᠭᠤᠯᠤᠭᠰᠠᠨ ᠪᠣᠯᠤᠯᠲᠠᠢ᠃ ᠲᠡᠷᠡ ᠰᠥᠨᠢ ᠤᠷᠲᠤ ᠠ᠋ᠴᠠ ᠤᠷᠲᠤ᠂ ᠵᠢᠷᠭᠠᠯ ᠲᠠᠢ ᠠ᠋ᠴᠠ ᠵᠢᠷᠭᠠᠯ ᠲᠠᠢ ᠰᠥᠨᠢ ᠪᠠᠢᠪᠠ᠃  ᠬᠠᠷᠢᠨ ᠦᠷ ᠢ᠋ᠶ᠋ᠡᠷ ᠬᠠᠭᠠᠨ ᠡᠵᠡᠨ ᠦ᠌ ᠰᠠᠷᠬᠤᠳ ᠭᠠᠷᠴᠤ ᠬᠡᠩᠬᠦᠳᠡᠭ ᠴᠡᠭᠡᠵᠢ ᠨᠢ ᠬᠥᠨᠳᠡᠭᠦᠷᠯᠡᠨ ᠪᠣᠰᠤᠭᠠᠳ᠂ ᠳᠠᠷᠠᠰᠤ ᠠᠪᠴᠤ ᠢᠷᠡᠭᠦᠯᠦᠨ᠂ ᠳᠠᠭᠠᠯᠠᠭᠰᠠᠨ ᠤ᠋ ᠪᠠᠨ ᠳᠠᠷᠠᠭᠠᠬᠠᠨ ᠠᠯᠪᠠᠲᠤ ᠨᠤᠭᠤᠳ ᠢ᠋ᠶ᠋ᠠᠨ ᠳᠠᠭᠤᠳᠠᠨ ᠢᠷᠡᠭᠦᠯᠵᠦ ᠨᠢᠭᠡᠨ ᠵᠠᠷᠯᠢᠭ ᠭᠠᠷᠭᠠᠪᠠ᠃ ᠡᠨᠡ ᠵᠠᠷᠯᠢᠭ ᠲᠤ᠌《ᠨᠠᠮᠠᠶ᠋ᠢ ᠨᠠᠰᠤᠨ ᠬᠤᠲᠤᠭ ᠪᠣᠯᠲᠠᠯ᠎ᠠ ᠲᠥᠷᠥ ᠶ᠋ᠢᠨ ᠵᠠᠷᠢᠮ ᠬᠡᠷᠡᠭ ᠢ᠋ ᠳᠦᠷᠭᠡᠨ᠎ᠡ ᠬᠠᠲᠤᠨ ᠮᠡᠳᠡᠨ ᠶᠠᠪᠤᠭᠤᠯᠵᠤ ᠪᠠᠢᠬᠤ ᠲᠤᠯᠠ ᠠᠯᠪᠠᠲᠤ ᠢᠷᠭᠡᠳ ᠲᠠ ᠪᠦᠬᠦᠨ ᠬᠠᠲᠤᠨ ᠤ᠋  ᠦᠭᠡ ᠶ᠋ᠢ ᠮᠢᠨᠦ ᠦᠭᠡ ᠭᠡᠮᠡᠨ ᠰᠡᠳᠬᠢᠵᠦ ᠳᠠᠭᠠᠨ ᠪᠡᠶᠡᠯᠡᠭᠦᠯᠰᠦᠭᠡᠢ》 ᠬᠡᠮᠡᠵᠡᠢ᠃ 
       ᠬᠠᠭᠠᠨ ᠤ᠋  ᠦᠭᠡ ᠬᠠᠤᠯᠢ ᠪᠣᠯᠵᠤ ᠲᠠᠯ᠎ᠠ ᠨᠤᠲᠤᠭ ᠲᠤ ᠦᠷᠭᠦᠯᠵᠢᠯᠡᠳᠡᠭ᠃ ᠥᠭᠡᠳᠡᠢ ᠬᠠᠭᠠᠨ ᠨᠢᠭᠡᠨᠲᠡ ᠪᠣᠷᠣ ᠳᠡᠷᠡᠰᠦᠨ ᠳ᠋ᠦ᠍ ᠬᠡᠳᠦ ᠠᠪᠲᠠᠬᠤ ᠪᠣᠯᠵᠠᠢ᠃《ᠲᠥᠷᠥ ᠶ᠋ᠢᠨ ᠵᠠᠷᠢᠮ ᠬᠡᠷᠡᠭ ᠢ᠋ ᠬᠠᠭᠠᠨ ᠤ᠋  ᠬᠠᠲᠤᠳ ᠤ᠋ᠨ ᠬᠠᠮᠤᠭ ᠤ᠋ᠨ ᠤᠬᠠᠭᠠᠯᠢᠭ ᠬᠥᠮᠦᠨ ᠪᠣᠯᠬᠤ ᠳᠦᠷᠭᠡᠨ᠎ᠡ ᠬᠠᠲᠤᠨ ᠰᠢᠢᠳᠦᠨ ᠶᠠᠪᠤᠭᠤᠯᠵᠤ ᠪᠠᠢᠬᠤ ᠪᠣᠯᠤᠨ᠎ᠠ》 ᠭᠡᠰᠡᠨ ᠡᠨᠡ ᠵᠠᠷᠯᠢᠭ ᠢ᠋ ᠬᠡᠨ ᠵᠥᠷᠢᠴᠡᠬᠦ ᠪᠢᠯᠡ᠃ ᠬᠠᠷᠢᠨ ᠡᠨᠡ ᠡᠳᠦᠷ ᠡᠴᠡ ᠬᠣᠢᠰᠢ ᠬᠠᠭᠠᠨ ᠡᠵᠡᠨ ᠬᠠᠲᠤᠨ ᠤ᠋  ᠦᠷᠭᠦᠭᠡᠨ ᠳ᠋ᠦ᠍ ᠪᠠᠷᠠᠯᠬᠠᠭᠰᠠᠨ ᠦᠭᠡᠢ᠃ ᠶᠡᠬᠡ ᠲᠥᠷᠥ ᠶ᠋ᠢᠨ ᠳᠤᠮᠳᠠ ᠬᠠᠭᠠᠨ ᠡᠵᠡᠨ ᠭᠠᠭᠴᠠ᠂ ᠬᠠᠲᠤᠳ ᠥᠬᠢᠳ ᠣᠯᠠᠨ ᠲᠤᠯᠠ ᠬᠡᠷᠬᠢᠬᠦ ᠨᠢ ᠬᠠᠭᠠᠨ ᠤ᠋  ᠬᠡᠷᠡᠭ ᠪᠢᠯᠡ᠃     
       ᠰᠤᠷᠬᠠᠭᠲᠠᠨᠢ ᠬᠠᠲᠤᠨ ᠠᠭᠤᠷᠠᠭ ᠲᠤ ᠬᠡᠳᠦᠨ ᠰᠠᠷ᠎ᠠ ᠶ᠋ᠢ ᠥᠩᠭᠡᠷᠡᠭᠦᠯᠵᠡᠢ᠃ ᠡᠨᠡ ᠬᠤᠭᠤᠴᠠᠭᠠᠨ ᠳ᠋ᠤ᠌ ᠠᠭᠤᠷᠠᠭ ᠤ᠋ᠨ ᠥᠩᠭᠡ ᠦᠵᠡᠮᠵᠢ ᠶ᠋ᠢ ᠵᠠᠰᠠᠨ  ᠲᠣᠷᠳᠠᠵᠤ᠂ ᠨᠣᠮ ᠤ᠋ᠨ ᠥᠷᠭᠥᠭᠡ ᠶ᠋ᠢ ᠥᠷᠭᠡᠳᠬᠡᠬᠦ ᠠᠵᠢᠯ ᠤ᠋ᠳ ᠢ᠋ ᠬᠢᠭᠡᠳ ᠪᠠᠢᠯ᠎ᠠ᠃ ᠥᠭᠡᠳᠡᠢ ᠬᠠᠭᠠᠨ ᠤ᠋ ᠶᠡᠬᠡ ᠠᠶᠠᠨ ᠲᠡᠢᠨ  ᠬᠡᠳᠦᠨ ᠵᠢᠯ ᠳ᠋ᠦ᠍ ᠬᠥᠯ ᠬᠥᠳᠡᠯᠭᠡᠭᠡᠨ ᠡᠷᠡᠰ ᠴᠥᠭᠡᠷᠡᠵᠦ᠂ ᠪᠣᠢᠳᠠᠬᠠᠨ ᠭᠠᠵᠠᠷ ᠪᠣᠯᠤᠭᠠᠳ ᠪᠠᠢᠭᠰᠠᠨ ᠠᠭᠤᠷᠠᠭ ᠳᠠᠬᠢᠨ ᠬᠥᠯ ᠬᠥᠳᠡᠯᠭᠡᠭᠡᠨ ᠣᠷᠣᠵᠤ ᠢᠯᠡᠳᠲᠡ ᠰᠡᠷᠭᠦᠭᠰᠡᠨ ᠮᠡᠲᠦ ᠬᠠᠷᠠᠭᠳᠠᠨ᠎ᠠ᠃ ᠬᠠᠷᠠᠬᠣᠷᠣᠮ ᠳ᠋ᠤ᠌ ᠪᠠᠢᠭ᠎ᠠ ᠬᠤᠳᠠᠯᠳᠤᠭ᠎ᠠ ᠠᠷᠠᠯᠵᠢᠶ᠎ᠠ ᠶ᠋ᠢ ᠠᠭᠤᠷᠠᠭ ᠲᠤ᠌ ᠢᠷᠡᠭᠦᠯᠵᠦ᠂ ᠭᠤᠷᠪᠠᠨ ᠭᠣᠣᠯ ᠤ᠋ᠨ ᠰᠠᠪᠠ ᠪᠠᠷ ᠨᠤᠲᠤᠭᠯᠠᠵᠤ ᠪᠣᠢ ᠮᠣᠩᠭᠣᠯᠴᠤᠳ ᠲᠤ᠌ ᠮᠠᠢᠮᠠᠢ ᠠᠷᠠᠯᠵᠢᠶ᠎ᠠ ᠬᠢᠬᠦ ᠲᠠᠭᠠᠲᠠᠢ ᠪᠣᠯᠤᠮᠵᠢ ᠶ᠋ᠢ ᠨᠡᠭᠡᠭᠡᠨ ᠥᠭᠬᠦ᠂ ᠮᠠᠯᠴᠢᠳ ᠮᠠᠯ ᠤ᠋ᠨ ᠢ᠋ᠶ᠋ᠠᠨ ᠰᠢᠮ᠎ᠡ ᠪᠡᠷ ᠠᠷᠠᠯᠵᠢᠶ᠎ᠠ ᠮᠠᠢᠮᠠᠢ ᠬᠢᠨ᠂ ᠬᠤᠪᠴᠠᠰᠤ ᠡᠳ᠋ᠯᠡᠯ᠂ ᠬᠣᠭᠣᠯᠠ ᠬᠦᠨᠡᠰᠦᠨ ᠦ᠌ ᠰᠣᠯᠢᠯᠴᠠᠭ᠎ᠠ ᠬᠢᠳᠡᠭ ᠲᠣᠭᠲᠠᠯᠴᠠᠭ᠎ᠠ ᠶ᠋ᠢ ᠪᠣᠢ ᠪᠣᠯᠭᠠᠵᠤ ᠪᠠᠢᠯ᠎ᠠ᠃ ᠡᠩ ᠲᠡᠷᠢᠭᠦᠨ ᠳ᠋ᠦ᠍ ᠠᠷᠠᠯᠵᠢᠶ᠎ᠠ ᠮᠠᠢᠮᠠᠢ ᠶ᠋ᠢᠨ ᠠᠵᠢᠯ ᠢ᠋ ᠤᠳᠤᠷᠢᠳᠤᠨ ᠶᠠᠪᠤᠭᠤᠯᠵᠤ ᠪᠠᠢᠬᠤ ᠢᠲᠡᠭᠡᠯᠲᠦ ᠬᠥᠮᠦᠨ ᠳᠤᠲᠠᠭᠳᠠᠵᠤ ᠪᠠᠢᠭᠰᠠᠨ ᠲᠤᠯᠠ ᠬᠠᠷᠠᠬᠣᠷᠣᠮ ᠠ᠋ᠴᠠ ᠬᠤᠳᠠᠯᠳᠤᠭᠠᠴᠢᠨ ᠠᠪᠴᠤ ᠢᠷᠡᠭᠦᠯᠬᠦ ᠬᠡᠷᠡᠭ ᠲᠡᠢ ᠪᠣᠯᠪᠠ᠃ ᠬᠠᠷᠢᠨ ᠬᠡᠨ ᠪᠠᠢᠬᠤ ᠪᠣᠢ᠃ ᠰᠤᠷᠬᠠᠭᠲᠠᠨᠢ ᠤᠭ ᠠ᠋ᠴᠠ ᠮᠠᠢᠮᠠᠢᠴᠢᠨ ᠪᠢᠰᠢ ᠲᠤᠯᠠ ᠡᠨᠡ ᠲᠠᠯ᠎ᠠ ᠶ᠋ᠢᠨ ᠵᠦᠢᠯ ᠳ᠋ᠦ᠍ ᠰᠣᠨᠢᠷᠬᠠᠯ ᠪᠠᠢᠭᠰᠠᠨ ᠦᠭᠡᠢ᠃ ᠣᠯᠠᠨ ᠬᠣᠨᠣᠭ ᠪᠣᠳᠣᠯ ᠪᠣᠯᠤᠨ ᠶᠠᠪᠤᠯ᠎ᠠ᠃  
 ᠨᠢᠭᠡᠨ ᠡᠳᠦᠷ ᠬᠠᠲᠤᠨ ᠤ᠋ ᠳᠠᠭᠠᠭᠤᠯ ᠠᠵᠢᠨ ᠦᠷᠭᠦᠭᠡᠨ ᠳ᠋ᠦ᠍ ᠣᠷᠣᠵᠤ ᠢᠷᠡᠨ ᠡᠮᠦᠨ᠎ᠡ ᠨᠢ ᠣᠴᠢᠵᠤ᠂       
    — ᠳᠦᠷᠭᠡᠨ᠎ᠡ ᠬᠠᠲᠤᠨ ᠥᠭᠡᠳᠡᠢ ᠬᠠᠭᠠᠨ ᠢ᠋ ᠨᠠᠰᠤᠨ ᠬᠤᠲᠤᠭ ᠪᠣᠯᠲᠠᠯ᠎ᠠ ᠲᠥᠷᠥ ᠶ᠋ᠢᠨ ᠵᠠᠷᠢᠮ ᠬᠡᠷᠡᠭ ᠢ᠋ ᠮᠡᠳᠡᠵᠦ ᠪᠠᠢᠬᠤ ᠬᠠᠭᠠᠨ ᠤ᠋ ᠵᠠᠷᠯᠢᠭ ᠭᠠᠷᠴᠠᠢ ᠭᠡᠵᠦ ᠬᠡᠯᠡᠯ᠎ᠡ᠃ ᠳᠦᠷᠭᠡᠨ᠎ᠡ ᠬᠠᠲᠤᠨ ᠲᠥᠷᠥ ᠶ᠋ᠢᠨ ᠵᠠᠷᠢᠮ ᠬᠡᠷᠡᠭ ᠢ᠋ ᠮᠡᠳᠡᠵᠦ ᠪᠠᠢᠬᠤ ᠰᠢᠢᠳᠪᠦᠷᠢ ᠶ᠋ᠢ ᠥᠭᠡᠳᠡᠢ ᠬᠠᠭᠠᠨ ᠭᠠᠷᠭᠠᠨ᠎ᠠ ᠭᠡᠳᠡᠭ ᠪᠤᠷᠤᠭᠤ ᠵᠦᠢᠯ ᠨᠢᠭᠡᠨᠲᠡ ᠪᠢᠰᠢ ᠲᠤᠯᠠ ᠰᠤᠷᠬᠠᠭᠲᠠᠨᠢ ᠶᠠᠭᠤᠮ᠎ᠠ ᠪᠣᠳᠣᠭᠰᠠᠨ ᠦᠭᠡᠢ᠂ ᠠᠵᠢᠨ ᠦᠷᠭᠦᠯᠵᠢᠯᠡᠭᠦᠯᠦᠨ᠄
    —ᠬᠤᠳᠠᠯᠳᠤᠭᠠᠴᠢᠨ ᠠᠪᠲᠤᠯ ᠷᠠᠬᠠᠮᠠᠨ ᠭᠡᠭᠴᠢ ᠳᠦᠷᠭᠡᠨ᠎ᠡ ᠬᠠᠲᠤᠨ ᠲᠠᠢ ᠳᠣᠲᠣᠨᠣᠰᠤᠨ ᠲᠥᠷᠥ ᠶ᠋ᠢᠨ ᠬᠡᠷᠡᠭ ᠲᠦ᠍ ᠣᠷᠣᠯᠴᠠᠵᠤ ᠡᠬᠢᠯᠡᠭᠰᠡᠨ ᠪᠠᠢᠨ᠎ᠠ᠃ ᠠᠪᠲᠤᠯ ᠷᠠᠬᠠᠮᠠᠨ ᠨᠢᠭᠡᠨ ᠵᠠᠯᠠᠭᠤ ᠬᠤᠳᠠᠯᠳᠤᠭᠠᠴᠢᠨ ᠤ᠋ ᠬᠠᠮᠲᠤ ᠪᠠᠷ ᠬᠠᠭᠠᠨ᠂ ᠬᠠᠲᠤᠨ ᠤ᠋ ᠢᠪᠡᠭᠡᠯ ᠳ᠋ᠦ᠍ ᠪᠠᠭᠲᠠᠭᠰᠠᠨ ᠭᠡᠬᠦ ᠶᠠᠷᠢᠶ᠎ᠠ ᠰᠣᠨᠣᠰᠤᠭᠳᠠᠯ᠎ᠠ ᠭᠡᠬᠦ ᠳ᠋ᠦ᠍ ᠠᠪᠲᠤᠯ ᠷᠠᠬᠠᠮᠠᠨ ᠭᠡᠳᠡᠭ ᠨᠡᠷ᠎ᠡ ᠶ᠋ᠢ ᠰᠣᠨᠣᠰᠤᠮᠠᠭᠴᠠ《ᠲᠡᠷᠡ ᠨᠢᠭᠡᠨ ᠡᠳᠦᠷ ᠠᠭᠤᠯᠵᠠᠭᠰᠠᠨ ᠵᠠᠯᠢᠵᠢᠨ ᠡᠷ᠎ᠡ ᠥᠨᠥ ᠳᠦᠷᠭᠡᠨ᠎ᠡ ᠬᠠᠲᠤᠨ ᠢ᠋ ᠤᠷᠭᠠᠯᠠᠨ ᠠᠪᠴᠠᠢ᠃ ᠲᠡᠭᠦᠨ ᠦ᠌ ᠰᠢᠪᠡᠭᠴᠢᠨ ᠹᠠᠲ᠋ᠢᠮᠠ ᠡᠷᠡᠰ ᠥᠭᠡᠷᠡᠴᠢᠯᠡᠭᠳᠡᠭᠰᠡᠨ ᠪᠠᠢᠭᠰᠠᠨ᠂ ᠡᠰᠡᠪᠡᠯ ᠥᠪᠡᠷ ᠢ᠋ᠶ᠋ᠡᠨ ᠡᠨᠡ ᠪᠦᠬᠦᠨ ᠢ᠋ ᠬᠢᠭᠡᠳ ᠪᠠᠢᠨ᠎ᠠ ᠤᠤ᠂ ᠬᠠᠭᠠᠳ ᠬᠠᠲᠤᠳ ᠤ᠋ᠨ ᠳᠤᠮᠳᠠ ᠰᠢᠷᠭᠤᠨ ᠣᠷᠣᠵᠤ ᠢᠷᠡᠬᠦ ᠬᠠᠷᠢ ᠶ᠋ᠢᠨ ᠬᠥᠮᠦᠰ ᠪᠣᠯ ᠬᠠᠮᠤᠭ ᠡᠪᠳᠡᠷᠡᠯ ᠦ᠋ᠨ ᠡᠭᠦᠳᠡ ᠶ᠋ᠢ ᠨᠡᠭᠡᠭᠡᠭᠴᠢᠳ ᠪᠠᠢᠳᠠᠭ》 ᠭᠡᠵᠦ ᠪᠣᠳᠣᠯ᠎ᠠ᠃ ᠡᠨᠡ ᠪᠣᠯ ᠰᠠᠢᠨ ᠮᠡᠳᠡᠭᠡ ᠪᠢᠰᠢ᠂ ᠠᠵᠢᠨ ᠤ᠋ ᠳᠣᠭᠣᠯᠭᠠᠭᠰᠠᠨ ᠬᠡᠯᠡ ᠶ᠋ᠢ ᠤᠬᠠᠨ ᠪᠣᠳᠣᠵᠤ ᠪᠠᠢᠬᠤ ᠵᠠᠭᠤᠷ᠎ᠠ ᠰᠤᠷᠬᠠᠭᠲᠠᠨᠢ ᠳ᠋ᠤ᠌ ᠨᠢᠭᠡᠨ ᠰᠠᠨᠠᠭ᠎ᠠ ᠬᠠᠷᠪᠤᠨ ᠣᠷᠣᠵᠤ ᠢᠷᠡᠪᠡ᠃ ᠲᠡᠷᠡ ᠡᠳᠦᠷ ᠠᠪᠲᠤᠯ ᠷᠠᠬᠠᠮᠠᠨ ᠲᠠᠢ ᠬᠠᠮᠲᠤ ᠬᠠᠲᠤᠨ ᠳ᠋ᠤ᠌ ᠪᠠᠷᠠᠯᠬᠠᠭᠰᠠᠨ ᠵᠠᠯᠠᠭᠤ ᠬᠤᠳᠠᠯᠳᠤᠭᠠᠴᠢᠨ ᠢ᠋ ᠲᠡᠷᠡ ᠪᠡᠷ ᠰᠠᠨᠠᠪᠠ᠃ ᠬᠤᠳᠠᠯ ᠬᠡᠯᠡᠵᠦ ᠴᠢᠳᠠᠬᠤ ᠦᠭᠡᠢ᠂ ᠨᠢᠭᠤᠷ ᠨᠢ ᠤᠯᠠᠯᠵᠠᠨ ᠪᠠᠢᠭᠰᠠᠨ ᠲᠡᠷᠡ ᠵᠠᠯᠠᠭᠤ ᠶ᠋ᠢᠨ ᠳᠦᠷᠢ ᠬᠠᠲᠤᠨ ᠤ᠋ ᠡᠮᠦᠨ᠎ᠡ ᠪᠠᠭᠤᠵᠤ《ᠶᠡᠬᠡᠰ ᠳᠡᠭᠡᠳᠦᠰ ᠦ᠋ᠨ ᠳᠤᠮᠳᠠ ᠰᠢᠷᠭᠤᠯᠠᠵᠤ ᠡᠬᠢᠯᠡᠭᠰᠡᠨ ᠠᠪᠲᠤᠯ ᠷᠠᠬᠠᠮᠠᠨ ᠭᠡᠭᠴᠢ ᠴᠣᠬᠣᠮ ᠬᠡᠨ ᠪᠣᠯᠬᠤ᠂ ᠶᠠᠮᠠᠷ ᠰᠠᠨᠠᠭ᠎ᠠ ᠲᠠᠢ ᠪᠠᠢᠭ᠎ᠠ ᠵᠡᠷᠭᠡ ᠶ᠋ᠢ ᠣᠯᠵᠤ ᠮᠡᠳᠡᠬᠦ ᠵᠠᠮ ᠪᠣᠯ ᠲᠡᠷᠡ ᠵᠠᠯᠠᠭᠤ ᠬᠤᠳᠠᠯᠳᠤᠭᠠᠴᠢᠨ ᠶᠤᠮ》 ᠭᠡᠵᠦ ᠪᠣᠳᠣᠯ᠎ᠠ᠃ ᠬᠠᠲᠤᠨ ᠲᠡᠷᠡ ᠳᠣᠣᠷ᠎ᠠ ᠨᠢ ᠥᠭᠡᠳᠡᠢ ᠬᠠᠭᠠᠨ ᠳ᠋ᠤ᠌ ᠡᠯᠴᠢ ᠵᠠᠷᠤᠵᠤ᠂ ᠢᠰᠯᠠᠮ ᠱᠠᠰᠢᠨᠲᠤ ᠬᠤᠳᠠᠯᠳᠤᠭᠠᠴᠢᠨ ᠢᠨᠢᠯᠢ ᠶ᠋ᠢ ᠥᠭᠬᠦ ᠬᠦᠰᠡᠯᠲᠡ ᠶ᠋ᠢ ᠤᠯᠠᠮᠵᠢᠯᠠᠯ᠎ᠠ᠃ ᠢᠨᠢᠯᠢ ᠨᠢᠭᠡᠨᠲᠡ ᠠᠪᠲᠤᠯ ᠷᠠᠬᠠᠮᠠᠨ ᠤ᠋ ᠬᠠᠮᠲᠤ ᠬᠠᠭᠠᠨ ᠬᠠᠲᠤᠨ ᠤ᠋ ᠢᠪᠡᠭᠡᠯ ᠳ᠋ᠦ᠍ ᠪᠠᠭᠲᠠᠵᠠᠢ᠃ 
    ᠳᠦᠷᠭᠡᠨ᠎ᠡ ᠬᠠᠲᠤᠨ᠂ ᠬᠠᠭᠠᠨ ᠡᠵᠡᠨ ᠲᠡᠢ ᠲᠡᠷᠡ ᠨᠢᠭᠡᠨ ᠰᠥᠨᠢ ᠶ᠋ᠢᠨ ᠳᠠᠷᠠᠭ᠎ᠠ ᠡᠴᠦᠰ ᠲᠡᠭᠦᠰᠬᠡᠯ ᠦᠭᠡᠢ ᠡᠷᠬᠡ ᠮᠠᠲᠠᠯ ᠤ᠋ᠨ ᠡᠵᠡᠨ ᠪᠣᠯᠵᠠᠢ᠃ ᠬᠠᠷᠢᠨ ᠡᠨᠡ ᠪᠦᠬᠦᠨ ᠢ᠋ ᠮᠡᠳᠡᠭᠰᠡᠨ ᠶᠤᠮ ᠰᠢᠭ᠋ ᠳᠦᠷᠭᠡᠨ᠎ᠡ ᠬᠠᠲᠤᠨ ᠲᠠᠢ ᠳᠣᠲᠣᠨᠣᠰᠤᠭᠰᠠᠨ ᠠᠪᠲᠤᠯ ᠷᠠᠬᠠᠮᠠᠨ ᠬᠠᠷᠠᠴᠠ ᠳᠡᠭᠡᠭᠦᠷ ᠶᠠᠪᠤᠬᠤ ᠪᠣᠯᠤᠯ᠎ᠠ᠃ ᠲᠡᠷᠡ ᠬᠡᠵᠢᠶᠡᠨ ᠦ᠌ ᠵᠠᠯᠢᠵᠢᠨ ᠨᠢᠭᠡᠨ᠃ ᠤᠷᠢᠳᠤ ᠰᠤᠷᠬᠠᠭᠲᠠᠨᠢ ᠬᠠᠲᠤᠨ ᠳ᠋ᠤ᠌ ᠪᠠᠷᠠᠯᠬᠠᠨ ᠰᠠᠨᠠᠭᠰᠠᠨ ᠢ᠋ᠶ᠋ᠠᠨ ᠪᠦᠲᠦᠭᠡᠬᠦ ᠭᠡᠳ ᠨᠠᠭᠠᠰᠢ ᠲᠠᠢ ᠬᠠᠷᠢᠭᠤ ᠠᠪᠴᠤ ᠴᠢᠳᠠᠭ᠎ᠠ ᠦᠭᠡᠢ ᠲᠡᠭᠦᠨ ᠦ᠌ ᠡᠮᠦᠨ᠎ᠡ ᠳᠦᠷᠭᠡᠨ᠎ᠡ ᠬᠠᠲᠤᠨ ᠪᠠᠷᠤᠭ ᠥᠪᠡᠷ ᠢ᠋ᠶ᠋ᠡᠨ ᠭᠠᠷᠤᠭᠠᠳ ᠢᠷᠡᠭᠰᠡᠨ᠃ ᠳᠦᠷᠭᠡᠨ᠎ᠡ ᠬᠠᠲᠤᠨ ᠢ᠋ ᠠᠷᠭᠠᠨ ᠳ᠋ᠠᠭᠠᠨ ᠣᠷᠣᠭᠤᠯᠬᠤ ᠨᠢ ᠰᠤᠷᠬᠠᠭᠲᠠᠨᠢ ᠶ᠋ᠢ ᠢᠳᠬᠠᠬᠤ ᠠ᠋ᠴᠠ ᠠᠮᠠᠷᠬᠠᠨ ᠪᠦᠲᠦᠭᠰᠡᠨ ᠠᠮᠵᠢᠯᠲᠠ ᠳ᠋ᠠᠭᠠᠨ  ᠳᠣᠯᠳᠣᠢᠳᠤᠨ᠂ ᠬᠠᠲᠤᠨ ᠤ᠋ ᠠᠮᠢᠳᠤᠷᠠᠯ ᠳ᠋ᠤ᠌ ᠭᠡᠨᠡᠳᠲᠡ ᠭᠠᠷᠴᠤ ᠢᠷᠡᠭᠰᠡᠨ ᠲᠡᠷᠡ ᠬᠥᠮᠦᠨ ᠤᠯᠠᠮ ᠭᠦᠨ ᠳ᠋ᠦ᠍ᠨᠢ ᠣᠷᠣᠵᠤ ᠣᠴᠢᠬᠤ ᠪᠠᠷ ᠤᠯᠠᠢᠷᠠᠨ ᠪᠠᠢᠯ᠎ᠠ᠃ ᠬᠤᠳᠠᠯᠳᠤᠭᠠᠴᠢᠳ ᠲᠤ᠌ ᠣᠯᠭᠣᠳᠠᠭ ᠠᠷᠪᠠᠨ ᠬᠤᠪᠢ ᠶ᠋ᠢᠨ ᠱᠠᠩᠨᠠᠯ ᠢ᠋ ᠦᠭᠡᠢ ᠬᠢᠭᠰᠡᠨ ᠰᠤᠷᠬᠠᠭᠲᠠᠨᠢ ᠪᠣᠯ ᠠᠪᠲᠤᠯ ᠷᠠᠬᠠᠮᠠᠨ ᠤ᠋ ᠬᠤᠪᠢ ᠳ᠋ᠤ᠌ ᠥᠰᠢᠶᠡᠲᠡᠨ ᠪᠠᠢᠯ᠎ᠠ᠃ ᠲᠡᠷᠡ ᠳᠦᠷᠭᠡᠨ᠎ᠡ ᠬᠠᠲᠤᠨ ᠲᠠᠢ  ᠳᠣᠲᠣᠨᠣ ᠪᠣᠯᠤᠭᠰᠠᠨ  ᠢ᠋ᠶ᠋ᠠᠨ ᠳᠠᠯᠢᠮᠳᠠᠭᠤᠯᠤᠨ᠂ ᠶᠠᠮᠠᠷ ᠨᠢᠭᠡᠨ ᠪᠠᠢᠳᠠᠯ ᠢ᠋ᠶ᠋ᠠᠷ ᠡᠨᠡ ᠬᠣᠶᠠᠷ ᠬᠠᠲᠤᠨ ᠤ᠋ ᠳᠤᠮᠳᠠ ᠶᠠᠰᠤ ᠬᠠᠶᠠᠬᠤ ᠬᠡᠷᠡᠭ ᠲᠡᠢ ᠶ᠋ᠢ ᠣᠢᠯᠠᠭᠠᠵᠤ ᠪᠠᠢᠪᠠ᠃ ᠶᠠᠭᠤᠨ ᠲᠦᠷᠦᠭᠦᠨ ᠬᠠᠭᠠᠨ ᠡᠵᠡᠨ᠂ ᠬᠠᠲᠤᠳ ᠡᠵᠡᠭᠦᠢ ᠪᠠᠢᠭᠰᠠᠨ ᠡᠳᠦᠷ ᠦ᠋ᠳ ᠲᠦ᠍ ᠰᠤᠷᠬᠠᠭᠲᠠᠨᠢ ᠬᠠᠲᠤᠨ ᠤᠯᠤᠰ ᠤ᠋ᠨ ᠰᠠᠩ ᠬᠥᠮᠥᠷᠭᠡ ᠡᠴᠡ ᠶᠠᠳᠠᠭᠤᠰ ᠲᠤ᠌ ᠥᠭᠯᠢᠭᠡ ᠬᠡᠰᠢᠭ ᠶᠡᠬᠡᠬᠡᠨ ᠲᠠᠷᠬᠠᠭᠠᠨ᠂ ᠰᠦᠮ᠎ᠡ ᠬᠡᠢᠳ ᠦ᠋ᠳ ᠢ᠋ ᠲᠠᠲᠠᠪᠤᠷᠢ ᠠ᠋ᠴᠠ ᠴᠢᠯᠥᠭᠡᠯᠡᠨ ᠬᠠᠭᠠᠨ ᠤ᠋ ᠰᠠᠩ ᠢ᠋ ᠬᠣᠭᠣᠰᠣᠯᠠᠭᠰᠠᠨ ᠪᠣᠯᠤᠨ ᠭᠤᠶᠤᠯᠭᠠᠴᠢᠨ ᠶᠠᠳᠠᠭᠤᠰ ᠢ᠋ ᠶᠡᠬᠡᠳᠡ  ᠥᠭᠡᠭᠰᠢᠭᠦᠯᠦᠭᠰᠡᠨ ᠨᠢ ᠬᠠᠷᠠᠬᠣᠷᠣᠮ ᠳ᠋ᠤ᠌ ᠪᠠᠢᠬᠤ ᠶᠠᠳᠠᠭᠤᠰ ᠢ᠋ ᠡᠵᠡᠳ ᠦ᠋ᠨ ᠢ᠋ᠶ᠋ᠡᠨ ᠡᠰᠡᠷᠭᠦ ᠦᠭᠡ ᠬᠡᠯᠡᠳᠡᠭ ᠪᠣᠯᠲᠠᠯ᠎ᠠ ᠨᠢ ᠥᠭᠡᠷᠡᠴᠢᠯᠡᠵᠦ᠂ ᠳᠡᠭᠡᠳᠦ ᠳᠣᠣᠷᠠᠲᠤ ᠬᠢᠵᠠᠭᠠᠷ ᠢ᠋ ᠡᠪᠳᠡᠭᠰᠡᠨ ᠬᠡᠷᠡᠭ ᠪᠣᠯᠤᠭᠰᠠᠨ ᠭᠡᠮᠡᠨ ᠳᠦᠷᠭᠡᠨ᠎ᠡ ᠳ᠋ᠦ᠍ ᠣᠢᠯᠠᠭᠠᠭᠤᠯᠤᠯ᠎ᠠ᠃ ᠲᠡᠷᠡ ᠰᠤᠷᠬᠠᠭᠲᠠᠨᠢ ᠶ᠋ᠢᠨ ᠪᠣᠳᠣᠯ ᠢ᠋ ᠲᠠᠭᠠᠪᠤᠷᠢᠯᠠᠨ ᠬᠡᠯᠡᠬᠦ ᠳ᠋ᠡᠭᠡᠨ ᠥᠭᠡᠳᠡᠢ ᠬᠠᠭᠠᠨ ᠤ᠋ ᠢᠪᠡᠭᠡᠯ ᠳ᠋ᠦ᠍ ᠪᠠᠭᠲᠠᠨ ᠲᠥᠷᠥ ᠶ᠋ᠢᠨ ᠡᠷᠬᠡ ᠶ᠋ᠢ ᠭᠠᠷ ᠲᠠᠭᠠᠨ ᠪᠠᠷᠢᠬᠤ᠂ ᠴᠠᠭᠠᠰᠢᠯᠠᠭᠠᠳ ᠥᠪᠡᠷ ᠦ᠋ᠨ ᠦᠷ᠎ᠡ ᠤᠳᠤᠮ ᠢ᠋ ᠬᠠᠭᠠᠨ ᠰᠠᠭᠤᠳᠠᠯ ᠳ᠋ᠤ᠌ ᠰᠠᠭᠤᠯᠭᠠᠬᠤ ᠲᠠᠭᠠᠲᠠᠢ ᠪᠣᠯᠤᠮᠵᠢ ᠶ᠋ᠢ ᠬᠠᠢᠵᠤ ᠪᠠᠢᠭ᠎ᠠ ᠬᠡᠷᠡᠭ ᠭᠡᠳᠡᠭ ᠢ᠋ ᠤᠬᠠᠭᠤᠯᠤᠭᠰᠠᠨ ᠶᠤᠮ᠃ 
    ᠠᠪᠳᠤᠯ ᠷᠠᠬᠠᠮᠠᠨ ᠪᠣᠯ  ᠬᠡᠨ ᠳ᠋ᠦ᠍ ᠶᠠᠭᠤ ᠭᠡᠵᠦ ᠬᠡᠯᠡᠬᠦ ᠪᠡᠨ ᠮᠡᠳᠡᠳᠡᠭ᠂ ᠬᠡᠨ ᠢ᠋ ᠴᠦ᠍ ᠠᠷᠭᠠᠨ ᠳ᠋ᠠᠭᠠᠨ ᠣᠷᠣᠭᠤᠯᠵᠤ ᠳᠥᠩᠭᠡᠳᠡᠭ ᠨᠢᠭᠡᠨ ᠬᠡᠳᠦᠢ ᠴᠦ᠍ ᠲᠡᠷᠡ ᠨᠢᠭᠡᠨ ᠡᠳᠦᠷ ᠭᠠᠭᠴᠠᠬᠠᠨ ᠬᠥᠮᠦᠨ ᠳ᠋ᠦ᠍ ᠯᠡ ᠳᠡᠢᠯᠦᠭᠳᠡᠭᠰᠡᠨ ᠨᠢ ᠰᠤᠷᠬᠠᠭᠲᠠᠨᠢ ᠪᠠᠢᠪᠠ᠃ ᠠᠪᠲᠤᠯ ᠷᠠᠬᠠᠮᠠᠨ ᠹᠠᠲ᠋ᠢᠮᠠ ᠶ᠋ᠢᠨ ᠲᠤᠰᠠᠯᠠᠮᠵᠢ ᠲᠠᠢ ᠪᠠᠷ  ᠠᠯᠢ ᠬᠡᠳᠦᠢᠨ ᠡᠵᠡᠨᠲᠦ ᠭᠦᠷᠦᠨ ᠦ᠌ ᠶᠡᠬᠡᠰ ᠳᠡᠭᠡᠳᠦᠰ ᠦ᠋ᠨ ᠠᠮᠢᠳᠤᠷᠠᠯ ᠳ᠋ᠤ᠌ ᠣᠷᠣᠯᠴᠠᠭᠠᠳ ᠢᠷᠡᠵᠡᠢ᠃ ᠳᠦᠷᠭᠡᠨ᠎ᠡ ᠬᠠᠲᠤᠨ ᠡᠬᠢᠨ ᠳ᠋ᠡᠭᠡᠨ ᠡᠨᠡ ᠦᠭᠡ ᠶ᠋ᠢ ᠲᠡᠳᠦᠢ ᠯᠡ ᠬᠡᠷᠡᠭᠰᠡᠯ ᠦᠭᠡᠢ ᠥᠩᠭᠡᠷᠡᠭᠰᠡᠨ ᠴᠦ᠍ ᠲᠡᠭᠦᠨ ᠢ᠋《ᠰᠤᠷᠬᠠᠭᠲᠠᠨᠢ ᠶ᠋ᠢᠨ ᠥᠪᠡᠷ ᠦ᠋ᠨ ᠦᠷ᠎ᠡ ᠬᠡᠦᠬᠡᠳ ᠲᠦ᠍ ᠲᠥᠷᠥ ᠶ᠋ᠢᠨ ᠡᠷᠬᠡ ᠶ᠋ᠢ ᠰᠢᠯᠵᠢᠭᠦᠯᠬᠦ ᠪᠣᠳᠣᠯ ᠲᠠᠢ ᠪᠠᠢᠵᠤ ᠪᠣᠯᠬᠤ》 ᠭᠡᠰᠡᠨ ᠶᠠᠷᠢᠶ᠎ᠠ ᠴᠢᠬᠢᠨ ᠦ᠌ ᠬᠢᠨᠢ ᠬᠠᠵᠠᠭᠤ ᠪᠠᠷ ᠥᠩᠭᠡᠷᠡᠵᠦ᠂ ᠳᠣᠲᠣᠷ᠎ᠠ ᠶ᠋ᠢ ᠨᠢ  ᠵᠢᠷᠢᠰᠬᠢᠯᠭᠡᠬᠦ ᠦᠭᠡᠢ ᠪᠠᠢᠵᠤ ᠴᠢᠳᠠᠭ᠎ᠠ ᠦᠭᠡᠢ ᠶᠤᠮ᠃
       ᠳᠦᠷᠭᠡᠨ᠎ᠡ ᠴᠤ᠌ ᠭᠡᠰᠡᠨ ᠬᠠᠭᠠᠨ ᠤ᠋ ᠬᠠᠲᠤᠨ ᠬᠥᠮᠦᠨ ᠦ᠌ ᠬᠤᠪᠢ ᠪᠠᠷ ᠥᠪᠡᠷ ᠦ᠋ᠨ ᠦᠷ᠎ᠡ ᠬᠡᠦᠬᠡᠳ ᠢ᠋ ᠥᠭᠡᠳᠡᠢ ᠬᠠᠭᠠᠨ ᠤ᠋ ᠳᠠᠷᠠᠭ᠎ᠠ ᠬᠠᠭᠠᠨ ᠰᠢᠷᠡᠭᠡᠨ ᠳ᠋ᠦ᠍ ᠰᠠᠭᠤᠯᠭᠠᠬᠤ ᠨᠢᠭᠤᠴᠠᠬᠠᠨ ᠪᠣᠳᠣᠯ ᠲᠡᠭᠡᠭᠡᠵᠦ ᠶᠠᠪᠤᠭ᠎ᠠ ᠡᠬᠡ ᠬᠥᠮᠦᠨ᠃
       ᠭᠦᠨ ᠭᠦᠨᠵᠡᠭᠡᠢ ᠪᠣᠳᠣᠯ ᠦᠭᠡᠢ᠂ ᠪᠤᠰᠤᠳ ᠤ᠋ᠨ ᠦᠭᠡᠨ ᠳ᠋ᠦ᠍ ᠠᠪᠲᠠᠮᠠᠲᠠᠭᠠᠢ ᠳᠦᠷᠭᠨ᠎ᠡ ᠬᠠᠲᠤᠨ ᠤ᠋ ᠰᠤᠯᠠ ᠲᠠᠯ᠎ᠠ ᠶ᠋ᠢ ᠳᠠᠯᠢᠮᠳᠠᠭᠤᠯᠤᠨ ᠠᠪᠲᠤᠯ ᠷᠠᠬᠠᠮᠠᠨ ᠬᠠᠭᠠᠨ ᠤ᠋ ᠭᠡᠷ ᠪᠦᠯᠢ ᠶ᠋ᠢᠨ ᠳᠤᠮᠳᠠ ᠣᠷᠣᠬᠤ ᠶ᠋ᠢ ᠬᠦᠰᠡᠵᠦ ᠪᠠᠢᠯ᠎ᠠ᠃
       ᠳᠦᠷᠭᠡᠨ᠎ᠡ ᠬᠠᠲᠤᠨ ᠦᠷᠭᠦᠭᠡᠨ ᠳ᠋ᠡᠭᠡᠨ ᠠᠪᠲᠤᠯ ᠷᠠᠬᠠᠮᠠᠨ ᠲᠠᠢ ᠶᠠᠷᠢᠯᠴᠠᠨ ᠰᠠᠭᠤᠪᠠ᠃ ᠲᠡᠳᠡ ᠤᠳᠠᠭᠠᠨ ᠶᠠᠷᠢᠯᠴᠠᠭᠰᠠᠨ ᠪᠣᠯᠤᠯᠲᠠᠢ᠂ ᠳᠦᠷᠭᠡᠨ᠎ᠡ ᠬᠠᠲᠤᠨ ᠪᠣᠭᠲᠣ ᠮᠠᠯᠠᠭᠠᠢ ᠶ᠋ᠢᠨ ᠢ᠋ᠶ᠋ᠡᠨ ᠱ᠌ᠢᠷᠦᠨ ᠤᠨᠵᠢᠯᠭ᠎ᠠ ᠶ᠋ᠢ ᠭᠠᠷ ᠢ᠋ᠶ᠋ᠠᠷ ᠢ᠋ᠶ᠋ᠠᠨ ᠤᠷᠤᠯᠳᠤᠨ᠂
    — ᠴᠢᠨᠦ ᠶᠠᠷᠢᠵᠤ ᠪᠠᠢᠭ᠎ᠠ ᠲᠦᠮᠡᠨ ᠵᠥᠪ᠂ ᠵᠠᠷᠢᠮ ᠭᠠᠵᠠᠷ ᠠ᠋ᠴᠠ ᠢᠷᠡᠬᠦ ᠠᠯᠪᠠ ᠭᠤᠪᠴᠢᠭᠤᠷ ᠬᠢᠨᠠᠯᠲᠠ ᠠ᠋ᠴᠠ ᠭᠠᠷᠤᠭᠠᠳ ᠪᠠᠢᠨ᠎ᠠ᠃ ᠪᠢ ᠴᠢᠮᠠᠶ᠋ᠢ ᠤᠯᠤᠰ ᠤ᠋ᠨ ᠲᠠᠲᠠᠪᠤᠷᠢ ᠬᠤᠷᠢᠶᠠᠭᠴᠢᠳ ᠤ᠋ᠨ ᠠᠬᠠᠯᠠᠭᠴᠢ ᠪᠠᠷ ᠲᠣᠮᠢᠯᠠᠯ᠎ᠠ᠃ ᠡᠨᠡ ᠡᠳᠦᠷ ᠡᠴᠡ ᠡᠬᠢᠯᠡᠨ ᠴᠢ ᠮᠢᠨᠦ ᠲᠥᠯᠥᠭᠡ ᠨᠢᠭᠡᠨ ᠰᠡᠳᠬᠢᠯ ᠢ᠋ᠶ᠋ᠡᠷ ᠵᠢᠳᠬᠦᠵᠦ᠂ ᠬᠠᠭᠠᠨ ᠤ᠋ ᠰᠠᠩ ᠬᠥᠮᠥᠷᠭᠡ ᠶ᠋ᠢ ᠠᠷᠪᠢᠵᠢᠭᠤᠯᠰᠤᠭᠠᠢ ᠬᠡᠮᠡᠬᠦ ᠳ᠋ᠦ᠍ ᠬᠦᠰᠡᠵᠦ ᠪᠠᠢᠭᠰᠠᠨ ᠵᠦᠢᠯ ᠢ᠋ᠶ᠋ᠡᠨ ᠰᠣᠨᠣᠰᠤᠭᠰᠠᠨ ᠠᠪᠲᠤᠯ ᠷᠠᠬᠠᠮᠠᠨ ᠰᠠᠶᠢ ᠰᠠᠨᠠᠭ᠎ᠠ ᠨᠢ ᠠᠮᠠᠷᠠᠯ᠎ᠠ᠃ ᠡᠨᠡ ᠪᠣᠯ ᠨᠢᠭᠡ ᠲᠠᠯ᠎ᠠ ᠪᠠᠷ ᠳᠦᠷᠭᠡᠨ᠎ᠡ ᠬᠠᠲᠤᠨ ᠤ᠋ ᠬᠦᠰᠡᠯ ᠴᠤ᠂ ᠨᠥᠭᠦᠭᠡ ᠲᠠᠯ᠎ᠠ ᠪᠠᠷ ᠠᠪᠲᠤᠯ ᠷᠠᠬᠠᠮᠠᠨ ᠤ᠋ ᠬᠦᠯᠢᠶᠡᠵᠦ ᠪᠠᠢᠭᠰᠠᠨ ᠦᠭᠡ ᠪᠠᠢᠪᠠ᠃ ᠠᠮᠢ ᠦᠷᠡᠭᠳᠡᠵᠦ ᠴᠦ᠍ ᠮᠡᠳᠡᠬᠦ ᠬᠦᠨᠳᠦ ᠬᠣᠯᠠ ᠶ᠋ᠢᠨ ᠵᠠᠮ ᠲᠤᠭᠤᠯᠵᠤ᠂ ᠠᠢᠳᠠᠰ ᠲᠦᠭᠰᠢᠭᠦᠷᠢ ᠶ᠋ᠢᠨ ᠳᠤᠮᠳᠠᠭᠤᠷ ᠠᠰᠢᠭ ᠬᠣᠨᠵᠢᠶ᠎ᠠ ᠣᠯᠵᠤ ᠠᠮᠢᠳᠤᠷᠠᠳᠠᠭ ᠬᠤᠳᠠᠯᠳᠤᠭᠠᠴᠢᠨ ᠤ᠋ ᠬᠤᠪᠢ ᠳ᠋ᠤ᠌ ᠬᠠᠭᠠᠨ ᠡᠵᠡᠨ ᠦ᠌ ᠰᠦᠷ ᠦ᠋ᠨ ᠳᠣᠣᠷ᠎ᠠ᠂ ᠬᠠᠮᠤᠭ ᠤᠯᠤᠰ ᠠ᠋ᠴᠠ ᠲᠠᠲᠠᠪᠤᠷᠢ ᠨᠡᠬᠡᠨ ᠰᠠᠭᠤᠵᠤ᠂ ᠨᠢᠭᠡ ᠲᠠᠯ᠎ᠠ ᠳ᠋ᠠᠭᠠᠨ ᠬᠠᠭᠠᠨ ᠤ᠋ ᠰᠠᠩ ᠢ᠋ ᠠᠷᠪᠢᠵᠢᠭᠤᠯᠵᠤ᠂ ᠨᠥᠭᠦᠭᠡ ᠲᠠᠯ᠎ᠠ ᠳ᠋ᠠᠭᠠᠨ ᠥᠪᠡᠷ ᠦ᠋ᠨ ᠬᠥᠷᠥᠩᠭᠡ ᠶ᠋ᠢ ᠵᠤᠵᠠᠭᠠᠳᠬᠠᠨ᠎ᠠ ᠭᠡᠳᠡᠭ ᠮᠠᠢᠮᠠᠢᠴᠢᠨ ᠬᠥᠮᠦᠨ ᠳ᠋ᠦ᠍ ᠣᠯᠳᠠᠬᠤ ᠦᠭᠡᠢ ᠵᠠᠪᠰᠢᠶᠠᠨ᠂ ᠠᠰᠢᠭ ᠬᠠᠢᠭᠰᠠᠨ ᠬᠡᠨ ᠪᠦᠬᠦᠨ ᠦ᠌ ᠬᠤᠪᠢ ᠳ᠋ᠤ᠌ ᠲᠥᠷᠥ ᠶ᠋ᠢᠨ ᠨᠡᠷ᠎ᠡ ᠪᠡᠷ ᠳᠤᠯᠳᠤᠢᠳᠤᠨ ᠶᠠᠪᠤᠬᠤ ᠨᠢ ᠠᠷᠪᠠ ᠲᠠᠪᠤᠨ ᠵᠣᠭᠣᠰ ᠬᠠᠢᠭᠰᠠᠨ ᠠ᠋ᠴᠠ ᠦᠯᠡᠮᠵᠢ ᠢᠯᠡᠭᠦᠦ ᠠᠰᠢᠭ ᠢ᠋ ᠠᠪᠴᠤ ᠪᠣᠢ ᠊ᠶ᠎ᠠ᠃  
       ᠠᠭᠤᠷᠠᠭ ᠠ᠋ᠴᠠ ᠢᠷᠡᠭᠰᠡᠨ ᠡᠯᠴᠢ ᠶ᠋ᠢ ᠬᠠᠭᠠᠨ ᠳ᠋ᠤ᠌ ᠪᠠᠷᠠᠯᠬᠠᠬᠤ ᠵᠠᠮ ᠳ᠋ᠤ᠌ ᠲᠥᠷᠥ ᠶ᠋ᠢᠨ ᠵᠠᠷᠢᠮ ᠬᠡᠷᠡᠭ ᠢ᠋ ᠮᠡᠳᠡᠨ ᠶᠠᠪᠤᠭᠤᠯᠵᠤ ᠪᠠᠢᠭ᠎ᠠ ᠶ᠋ᠢᠨ ᠬᠤᠪᠢ ᠳ᠋ᠤ᠌ ᠳᠦᠷᠭᠡᠨ᠎ᠡ ᠬᠠᠲᠤᠨ ᠬᠦᠯᠢᠶᠡᠨ ᠠᠪᠤᠯ᠎ᠠ᠃ ᠬᠠᠲᠤᠨ ᠤ᠋ ᠦᠷᠭᠦᠭᠡᠨ ᠳ᠋ᠦ᠍ ᠠᠪᠲᠤᠯ ᠷᠠᠬᠠᠮᠠᠨ ᠪᠣᠯᠤᠨ ᠬᠠᠲᠤᠨ ᠤ᠋ ᠰᠢᠪᠡᠭᠴᠢᠨ ᠹᠠᠲ᠋ᠢᠮᠠ ᠨᠠᠷ ᠪᠠᠢᠪᠠ᠃ ᠶᠡᠬᠡ ᠮᠣᠩᠭᠣᠯ ᠤ᠋ᠨ ᠬᠠᠭᠠᠨ ᠡᠵᠡᠨ ᠦ᠌ ᠬᠠᠲᠤᠨ ᠤ᠋ ᠥᠷᠭᠥᠭᠡ ᠪᠤᠰᠤ ᠬᠠᠷᠢ ᠤᠯᠤᠰ ᠤ᠋ᠨ ᠬᠠᠲᠤᠨ ᠤ᠋ ᠥᠷᠭᠥᠭᠡ ᠮᠡᠲᠦ ᠣᠭᠲᠣ ᠥᠭᠡᠷ᠎ᠡ ᠵᠢᠰᠦ ᠴᠢᠷᠠᠢ ᠲᠠᠢ ᠬᠥᠮᠦᠰ ᠪᠦᠬᠦᠢ ᠡᠨᠡ ᠦᠷᠭᠦᠭᠡᠨ ᠳ᠋ᠦ᠍ ᠰᠤᠷᠬᠠᠭᠲᠠᠨᠢ ᠶ᠋ᠢᠨ ᠡᠯᠴᠢ ᠬᠠᠲᠤᠨ ᠳ᠋ᠤ᠌ ᠪᠠᠷᠠᠯᠬᠠᠵᠤ ᠪᠠᠢᠪᠠ᠃ ᠨᠢᠳᠦ ᠬᠥᠮᠥᠰᠬᠡ ᠪᠣᠯᠤᠭᠰᠠᠨ ᠬᠤᠷᠴᠠ ᠨᠢᠳᠦ᠂ ᠤᠷᠲᠤ ᠬᠢᠩᠭᠠᠨ ᠬᠠᠮᠠᠷ ᠲᠠᠢ ᠡᠨᠡ ᠬᠥᠮᠦᠰ ᠬᠢᠭᠡᠳ ᠬᠠᠲᠤᠨ ᠤ᠋ ᠪᠠᠷ᠎ᠠ ᠠ᠋ᠴᠠ ᠰᠦᠷᠳᠡᠭᠰᠡᠨ ᠡᠯᠴᠢ᠂
    — ᠰᠤᠷᠬᠠᠭᠲᠠᠨᠢ ᠬᠠᠲᠤᠨ ᠥᠭᠡᠳᠡᠢ ᠬᠠᠭᠠᠨ ᠳ᠋ᠤ᠌ ᠬᠡᠯᠡ ᠢᠯᠡᠬᠡᠨ ᠬᠤᠳᠠᠯᠳᠤᠭᠠᠴᠢᠨ ᠢᠨᠢᠯᠢ ᠶ᠋ᠢ ᠥᠪᠡᠷ ᠦ᠋ᠨ ᠳᠡᠷᠭᠡᠳᠡ ᠠᠪᠬᠤ ᠶ᠋ᠢ ᠬᠦᠰᠡᠯ᠎ᠡ ᠭᠡᠬᠦ ᠳᠦ ᠠᠪᠲᠤᠯ ᠷᠠᠬᠠᠮᠠᠨ ᠬᠠᠲᠤᠨ ᠤ᠋ ᠨᠡᠷ᠎ᠡ ᠶ᠋ᠢ ᠰᠣᠨᠣᠰᠤᠭᠠᠳ ᠴᠢᠷᠠᠢ ᠨᠢ ᠬᠤᠪᠢᠷᠠᠪᠠ᠃ ᠳᠦᠷᠭᠡᠨ᠎ᠡ ᠬᠠᠲᠤᠨ᠄
    — ᠡᠨᠡ ᠦᠭᠡ ᠶ᠋ᠢ ᠬᠠᠭᠠᠨ ᠳ᠋ᠤ᠌ ᠤᠯᠠᠮᠵᠢᠯᠠᠶ᠎ᠠ᠂ ᠡᠯᠴᠢ ᠴᠢ ᠮᠠᠷᠭᠠᠰᠢ ᠢᠷ᠎ᠡ ᠭᠡᠵᠦ ᠬᠡᠯᠡᠭᠡᠳ ᠭᠠᠷᠭᠠᠵᠤ ᠶᠠᠪᠤᠭᠤᠯᠤᠯ᠎ᠠ᠃ ᠡᠯᠴᠢ ᠶ᠋ᠢ ᠭᠠᠷᠤᠮᠠᠭᠴᠠ ᠠᠪᠲᠤᠯ ᠷᠠᠬᠠᠮᠠᠨ ᠬᠠᠲᠤᠨ ᠤ᠋ ᠡᠮᠦᠨ᠎ᠡ ᠣᠢᠷᠠᠲᠤᠨ ᠢᠷᠡᠵᠦ᠂
    — ᠬᠠᠲᠤᠨ ᠮᠢᠨᠢ ᠰᠤᠷᠬᠠᠭᠲᠠᠨᠢ ᠬᠠᠲᠤᠨ ᠶᠠᠮᠠᠷ ᠨᠢᠭᠡᠨ ᠪᠣᠳᠣᠯ ᠠᠭᠤᠯᠤᠭᠰᠠᠨ ᠨᠢ ᠢᠯᠡᠳᠲᠡ ᠪᠠᠢᠨ᠎ᠠ᠂ᠲᠡᠢᠮᠦ ᠡᠴᠡ ᠲᠠᠲᠠᠭᠠᠯᠵᠠᠭᠰᠠᠨ ᠬᠠᠷᠢᠭᠤ ᠥᠭᠬᠦ ᠨᠢ ᠵᠥᠪ ᠪᠣᠯᠪᠠ ᠤᠤ ᠭᠡᠯ᠎ᠡ᠃
       ᠠᠪᠲᠤᠯ ᠷᠠᠬᠠᠮᠠᠨ ᠤ᠋ ᠰᠠᠨᠳᠤᠷᠴᠤ ᠪᠤᠬᠢᠨᠢᠳᠤᠭᠰᠠᠨ ᠴᠢᠷᠠᠢ ᠶ᠋ᠢ ᠠᠵᠢᠭᠯᠠᠨ ᠬᠠᠷᠠᠭᠰᠠᠨ ᠳᠦᠷᠭᠡᠨ᠎ᠡ ᠬᠠᠲᠤᠨ᠄
    — ᠴᠢᠨᠦ ᠲᠡᠷᠡ ᠢᠨᠢᠯᠢ ᠭᠡᠭᠴᠢ ᠲᠡᠢᠮᠦ ᠴᠢᠬᠤᠯᠠ ᠬᠥᠮᠦᠨ ᠤᠤ ᠭᠡᠵᠦ ᠭᠠᠢᠬᠠᠨ ᠠᠰᠠᠭᠤᠪᠠ᠃    ᠠᠪᠲᠤᠯ ᠷᠠᠬᠠᠮᠠᠨ ᠲᠣᠯᠣᠭᠠᠢ ᠪᠠᠨ ᠰᠡᠭᠰᠦᠷᠦᠨ᠂
    — ᠦᠭᠡᠢ᠂ ᠬᠠᠷᠢᠨ ᠴᠤ᠌ ᠡᠰᠡᠷᠭᠦ ᠪᠡᠷ ᠡᠴᠢᠭᠡ ᠡᠬᠡ ᠦᠭᠡᠢ ᠵᠣᠯᠪᠢᠩ ᠬᠡᠦᠬᠡᠳ᠂ ᠪᠢ ᠲᠡᠭᠦᠨ ᠢ᠋ ᠣᠯᠵᠤ ᠬᠥᠮᠦᠨ ᠪᠣᠯᠭᠠᠭᠰᠠᠨ ᠶᠤᠮ᠃  ᠬᠠᠷᠢᠨ ᠰᠤᠷᠬᠠᠭᠲᠠᠨᠢ ᠬᠠᠲᠤᠨ ᠶᠠᠭᠤᠨ ᠤ᠋ ᠤᠴᠢᠷ ᠲᠡᠭᠦᠨ ᠢ᠋ ᠰᠣᠨᠢᠷᠬᠠᠭᠠᠳ ᠪᠠᠢᠭ᠎ᠠ ᠶ᠋ᠢ ᠭᠠᠢᠬᠠᠵᠤ ᠪᠠᠢᠨ᠎ᠠ᠃ ᠡᠨᠳᠡ ᠶᠠᠮᠠᠷ ᠨᠢᠭᠡᠨ ᠤᠴᠢᠷ ᠪᠠᠢᠨ᠎ᠠ᠃ ᠲᠠ ᠲᠠᠲᠠᠭᠠᠯᠵᠠᠭᠰᠠᠨ ᠬᠠᠷᠢᠭᠤ ᠶᠠᠪᠤᠭᠤᠯᠬᠤ ᠨᠢ ᠵᠦᠢ ᠪᠣᠯᠪᠠ ᠤᠤ ᠭᠡᠮᠡᠨ ᠶᠡᠬᠡᠳᠡ ᠬᠢᠴᠢᠶᠡᠩᠭᠦᠢᠯᠡᠨ ᠭᠤᠶᠤᠬᠤ ᠳ᠋ᠤ᠌᠂
    — ᠴᠢᠨᠦ ᠵᠥᠪ᠂ ᠬᠠᠭᠠᠨ ᠡᠵᠡᠨ ᠳ᠋ᠦ᠍ ᠠᠢᠯᠠᠳᠬᠠᠵᠤ ᠲᠠᠲᠠᠭᠠᠯᠵᠠᠭᠰᠠᠨ ᠬᠠᠷᠢᠭᠤ ᠶᠠᠪᠤᠭᠤᠯᠤᠶ᠎ᠠ ᠭᠡᠵᠦ ᠬᠡᠯᠡᠨ ᠳᠦᠷᠭᠡᠨ᠎ᠡ ᠬᠠᠲᠤᠨ ᠠᠪᠲᠤᠯ ᠷᠠᠬᠠᠮᠠᠨ ᠤ᠋ ᠬᠡᠯᠡᠭᠰᠡᠨ ᠢ᠋ ᠭᠦᠢᠴᠡᠯᠳᠦᠭᠦᠯᠬᠦ ᠪᠡᠷ ᠪᠣᠯᠪᠠ᠃
    ᠡᠨᠡ ᠶᠠᠪᠤᠳᠠᠯ ᠠ᠋ᠴᠠ ᠬᠡᠳᠦ ᠬᠣᠨᠣᠭ ᠤ᠋ᠨ ᠳᠠᠷᠠᠭ᠎ᠠ ᠰᠤᠷᠬᠠᠭᠲᠠᠨᠢ ᠬᠠᠲᠤᠨ ᠤ᠋ ᠶᠠᠪᠤᠭᠤᠯᠤᠭᠰᠠᠨ ᠡᠯᠴᠢ ᠠᠭᠤᠷᠠᠭ ᠲᠠᠭᠠᠨ ᠪᠤᠴᠠᠨ ᠢᠷᠡᠪᠡ᠃
    — ᠬᠠᠭᠠᠨ ᠡᠵᠡᠨ ᠥᠪᠡᠷ ᠦ᠋ᠨ ᠳᠡᠷᠭᠡᠳᠡ ᠪᠠᠢᠬᠤ ᠠᠷᠠᠪ ᠬᠤᠳᠠᠯᠳᠤᠭᠠᠴᠢᠨ ᠢ᠋ ᠥᠭᠴᠦ ᠶᠠᠪᠤᠭᠤᠯᠤᠭᠰᠠᠨ ᠦᠭᠡᠢ ᠴᠠᠭᠠᠷᠠᠭᠤᠯᠪᠠ ᠭᠡᠬᠦ ᠦᠦ᠂
    —ᠶᠠᠭᠤᠨ ᠤ᠋ ᠤᠴᠢᠷ ᠴᠠᠭᠠᠷᠠᠭᠤᠯᠤᠨ᠎ᠠ ᠪᠣᠢ ᠭᠡᠮᠡᠨ ᠠᠰᠠᠭᠤᠪᠠᠯ ᠨᠥᠭᠦᠭᠡ ᠬᠥᠮᠦᠨ᠂
    — ᠬᠠᠲᠤᠨᠲᠠᠨ ᠮᠢᠨᠢ ᠮᠡᠬᠦᠰ ᠪᠢ ᠬᠡᠷᠬᠢᠨ ᠮᠡᠳᠡᠬᠦ ᠪᠢᠯᠡ᠂ ᠬᠠᠭᠠᠨ ᠡᠵᠡᠨ ᠤᠴᠢᠷ ᠢ᠋ ᠦᠯᠦ ᠬᠡᠯᠡᠭᠰᠡᠨ ᠲᠤᠯᠠ ᠪᠢ ᠠᠰᠠᠭᠤᠵᠤ ᠦᠯᠦ ᠵᠢᠷᠦᠬᠡᠯᠡᠪᠡ᠃ ᠰᠤᠷᠬᠠᠭᠲᠠᠨᠢ᠄
    — ᠮᠢᠨᠦ ᠨᠥᠬᠥᠷ ᠬᠡᠨ ᠦ᠌ ᠲᠥᠯᠥᠭᠡ ᠬᠠᠯᠠᠭᠤᠨ ᠠᠮᠢ ᠪᠠᠨ ᠠᠯᠳᠠᠯ᠎ᠠ᠃ ᠲᠡᠭᠡᠬᠦ ᠳ᠋ᠦ᠍ ᠬᠠᠭᠠᠨ ᠡᠵᠡᠨ ᠨᠠᠳᠠ ᠠ᠋ᠴᠠ ᠨᠢᠭᠡᠨ ᠬᠤᠳᠠᠯᠳᠤᠭᠠᠴᠢᠨ ᠢ᠋ ᠬᠠᠷᠠᠮᠯᠠᠯ᠎ᠠ ᠭᠡᠵᠦ  ᠤᠤ ᠬᠡᠮᠡᠭᠡᠳ ᠡᠮᠦᠨᠡᠬᠢ ᠰᠢᠷᠡᠭᠡ ᠪᠡᠨ ᠲᠦᠯᠬᠢᠨ ᠪᠣᠰᠴᠤ ᠢᠷᠡᠪᠡ᠃ ᠦᠨᠡᠨ ᠳ᠋ᠡᠭᠡᠨ ᠰᠤᠷᠬᠠᠭᠲᠠᠨᠢ ᠶ᠋ᠢᠨ ᠡᠷ᠎ᠡ ᠨᠥᠬᠥᠷ ᠬᠠᠭᠠᠨ ᠠᠬ᠎ᠠ ᠶ᠋ᠢᠨ ᠢ᠋ᠶ᠋ᠡᠨ ᠲᠥᠯᠥᠭᠡ ᠠᠮᠢ ᠪᠠᠷ ᠢ᠋ᠶ᠋ᠠᠨ ᠥᠭᠯᠢᠭᠡ ᠡᠷᠭᠦᠵᠦ᠂ ᠮᠥᠩᠬᠡ ᠲᠩᠷᠢ ᠳ᠋ᠦ᠍ ᠣᠳᠤᠭᠰᠠᠨ ᠴᠤ᠌ ᠲᠡᠭᠦᠨ ᠳ᠋ᠦ᠍ ᠡᠨᠡ ᠮᠡᠲᠦ  ᠶ᠋ᠢ ᠳᠤᠷᠠᠰᠤᠨ ᠬᠠᠭᠠᠨ ᠡᠵᠡᠨ ᠳ᠋ᠦ᠍ ᠰᠢᠯᠲᠠᠭᠯᠠᠬᠤ ᠬᠡᠷᠡᠭ ᠪᠠᠢᠭᠰᠠᠨ ᠦᠭᠡᠢ᠃ ᠭᠡᠪᠡᠴᠦ ᠨᠢᠭᠡ ᠮᠠᠭᠤ ᠬᠤᠳᠠᠯᠳᠤᠭᠠᠴᠢᠨ ᠢ᠋ ᠢᠩᠭᠢᠵᠦ ᠬᠠᠷᠠᠮᠯᠠᠨ ᠪᠠᠢᠭ᠎ᠠ ᠳ᠋ᠤ᠌ ᠳᠤᠷ᠎ᠠ ᠦᠭᠡᠢᠴᠡᠵᠡᠢ᠃ ᠰᠤᠷᠬᠠᠭᠲᠠᠨᠢ ᠬᠠᠲᠤᠨ ᠤ᠋ ᠡᠯᠴᠢ ᠠᠭᠤᠷᠠᠭ ᠲᠤ᠌ ᠪᠤᠴᠠᠨ ᠣᠴᠢᠵᠤ᠂ ᠬᠠᠭᠠᠨ ᠡᠵᠡᠨ ᠬᠤᠳᠠᠯᠳᠤᠭᠠᠴᠢᠨ ᠢᠨᠢᠯᠢ ᠶ᠋ᠢ ᠥᠪᠡᠷ ᠲᠤᠨᠢ ᠥᠭᠴᠦ ᠶᠠᠪᠤᠭᠤᠯᠤᠭ᠎ᠠ ᠦᠭᠡᠢ ᠪᠣᠯᠬᠤ ᠶ᠋ᠢ ᠲᠤᠭᠤᠯᠤᠨ ᠠᠭᠤᠷᠰᠠᠭᠰᠠᠨ ᠠ᠋ᠴᠠ ᠬᠣᠢᠰᠢ ᠬᠡᠳᠦᠨ ᠡᠳᠦᠷ ᠦ᠋ᠨ ᠳᠠᠷᠠᠭ᠎ᠠ ᠬᠠᠲᠤᠨ ᠤ᠋ ᠬᠡᠯᠡᠭᠰᠡᠨ ᠦᠭᠡ ᠬᠠᠭᠠᠨ ᠤ᠋ ᠴᠢᠬᠢᠨ ᠳ᠋ᠦ᠍ ᠬᠦᠷᠦᠭᠰᠡᠨ ᠪᠠᠢᠪᠠ᠃
    — ᠰᠤᠷᠬᠠᠭᠲᠠᠨᠢ ᠬᠠᠲᠤᠨ ᠂ ᠮᠢᠨᠦ ᠨᠥᠬᠥᠷ ᠬᠡᠨ ᠦ᠌ ᠲᠥᠯᠥᠭᠡ ᠬᠠᠯᠠᠭᠤᠨ ᠠᠮᠢ ᠪᠠᠨ ᠠᠯᠳᠠᠯ᠎ᠠ᠃  ᠲᠡᠭᠡᠬᠦ ᠳ᠋ᠦ᠍ ᠬᠠᠭᠠᠨ ᠨᠠᠳᠠ ᠠ᠋ᠴᠠ ᠨᠢᠭᠡᠨ ᠲᠡᠨᠦᠮᠡᠯ ᠬᠤᠳᠠᠯᠳᠤᠭᠠᠴᠢᠨ ᠢ᠋ ᠬᠠᠷᠠᠮᠯᠠᠯ᠎ᠠ ᠭᠡᠵᠦ ᠭᠡᠮᠡᠨ ᠠᠭᠤᠷᠰᠠᠪᠠ ᠭᠡᠬᠦ ᠶᠠᠷᠢᠶ᠎ᠠ ᠶ᠋ᠢ ᠰᠣᠨᠣᠰᠤᠭᠰᠠᠨ ᠬᠠᠭᠠᠨ ᠡᠵᠡᠨ ᠴᠢᠷᠠᠢ ᠳ᠋ᠤᠨᠢ ᠭᠤᠨᠢᠭ ᠲᠣᠳᠣᠷᠠᠭᠠᠳ ᠵᠠᠮᠬᠠᠷᠠᠯ᠎ᠠ᠃ ᠥᠭᠡᠳᠡᠢ ᠬᠠᠭᠠᠨ ᠳᠦᠷᠭᠡᠨ᠎ᠡ ᠬᠠᠲᠤᠨ ᠳ᠋ᠤ᠌ ᠬᠠᠨᠳᠤᠨ ᠤᠴᠢᠷ ᠢ᠋ ᠮᠠᠭᠠᠳᠯᠠᠭᠰᠠᠨ ᠤ᠋ ᠡᠴᠦᠰ ᠲᠦ᠍᠂
    — ᠰᠤᠷᠬᠠᠭᠲᠠᠨᠢ ᠳ᠋ᠤ᠌ ᠲᠡᠷᠡ ᠬᠤᠳᠠᠯᠳᠤᠭᠠᠴᠢᠨ ᠢ᠋ ᠥᠭᠴᠢᠬᠡᠬᠦ ᠦᠭᠡᠢ ᠶᠠᠭᠠᠬᠢᠭᠰᠠᠨ ᠪᠣᠢ᠃ ᠲᠡᠷᠡ ᠪᠢᠲᠡᠭᠡᠢ ᠬᠡᠯᠡ᠂ ᠶᠠᠭᠤᠮ᠎ᠠ ᠶ᠋ᠢ ᠬᠠᠷᠠᠮᠯᠠᠬᠤ ᠦᠭᠡᠢ ᠥᠭᠴᠦ ᠪᠠᠢᠳᠠᠭ ᠬᠠᠭᠠᠨ ᠤ᠋ ᠬᠡᠰᠢᠭ ᠳᠠᠯᠠᠢ ᠮᠡᠲᠦ ᠪᠠᠢᠬᠤ ᠳ᠋ᠤ᠌ ᠶᠠᠭᠤᠨ ᠤ᠋ ᠲᠤᠯᠠ ᠬᠠᠷᠠᠮᠯᠠᠭ᠎ᠠ ᠪᠣᠢ᠃ ᠰᠤᠷᠬᠠᠭᠲᠠᠨᠢ ᠶ᠋ᠢᠨ ᠦᠭᠡ ᠵᠥᠪ ᠡᠴᠡ ᠵᠥᠪ᠃ ᠬᠠᠲᠤᠨ ᠳ᠋ᠤ᠌ ᠲᠡᠷᠡ ᠬᠤᠳᠠᠯᠳᠤᠭᠠᠴᠢᠨ ᠢ᠋ ᠨᠢ ᠥᠭᠴᠦ ᠶᠠᠪᠤᠭᠤᠯ ᠭᠡᠵᠦ ᠵᠠᠷᠯᠢᠭᠳᠠᠪᠠ᠃ 
    ᠬᠠᠭᠠᠨ ᠤ᠋ ᠵᠠᠷᠯᠢᠭ ᠬᠠᠤᠯᠢ ᠲᠤᠯᠠ ᠬᠡᠯᠡᠭᠰᠡᠨ ᠦᠭᠡ ᠶᠣᠰᠣᠭᠠᠷ ᠪᠣᠯᠵᠤ ᠬᠡᠳᠦᠨ ᠬᠣᠨᠣᠭ ᠤ᠋ᠨ ᠳᠠᠷᠠᠭ᠎ᠠ ᠶᠡᠬᠡ ᠠᠭᠤᠷᠠᠭ ᠲᠤ᠌ ᠪᠠᠢᠬᠤ ᠬᠠᠲᠤᠨ ᠤ᠋ ᠤᠷᠲᠤ ᠦᠷᠭᠦᠭᠡᠨ ᠳ᠋ᠦ᠍ ᠵᠠᠯᠠᠭᠤ ᠬᠤᠳᠠᠯᠳᠤᠭᠠᠴᠢᠨ ᠢᠨᠢᠯᠢ ᠬᠦᠷᠴᠦ ᠢᠷᠡᠵᠦ ᠬᠠᠲᠤᠨ ᠤ᠋ ᠡᠮᠦᠨ᠎ᠡ ᠠᠯᠯᠠᠾ ᠲᠩᠷᠢ ᠪᠡᠨ ᠳᠠᠭᠤᠳᠠᠨ ᠮᠡᠨᠳᠦ ᠮᠡᠳᠡᠨ ᠠᠭᠤᠯᠵᠠᠪᠠ᠃ ᠬᠠᠲᠤᠨ ᠤ᠋ ᠰᠠᠨᠠᠭ᠎ᠠ ᠭᠦᠢᠴᠡᠯᠳᠦᠯ᠎ᠡ᠃ ᠡᠨᠡ ᠨᠢ ᠨᠢᠭᠡ ᠲᠠᠯ᠎ᠠ ᠪᠠᠷ ᠬᠠᠭᠠᠨ ᠤ᠋ ᠣᠷᠳᠣᠨ ᠳ᠋ᠤ᠌ ᠪᠣᠯᠵᠤ ᠪᠣᠢ ᠤᠴᠢᠷ ᠨᠢ ᠦᠯᠦ ᠣᠯᠳᠠᠬᠤ ᠬᠡᠷᠡᠭ ᠦ᠋ᠨ ᠦᠨᠡᠨ ᠤᠴᠢᠷ ᠢ᠋ ᠲᠠᠢᠯᠬᠤ᠂ ᠨᠥᠭᠦᠭᠡᠪᠠ ᠲᠠᠯ᠎ᠠ ᠪᠠᠷ ᠭᠤᠷᠪᠠᠨ ᠭᠣᠣᠯ ᠤ᠋ᠨ ᠰᠠᠪᠠ ᠪᠠᠷ ᠨᠤᠲᠤᠭ ᠲᠠᠢ ᠮᠣᠩᠭᠣᠯᠴᠤᠳ ᠲᠤ᠌ ᠥᠭᠡᠷ᠎ᠡ ᠠᠮᠢᠳᠤᠷᠠᠯ᠂ ᠣᠭᠲᠣ ᠥᠭᠡᠷ᠎ᠡ ᠡᠳ᠋ᠯᠡᠯ ᠬᠡᠷᠡᠭᠰᠡᠯ ᠢ᠋ ᠠᠪᠴᠤ ᠢᠷᠡᠬᠦ ᠶᠠᠪᠤᠳᠠᠯ ᠪᠠᠢᠯ᠎ᠠ᠃ ᠢᠨᠢᠯᠢ ᠶ᠋ᠢ ᠢᠷᠡᠭᠰᠡᠨ ᠡᠴᠡ ᠬᠣᠢᠰᠢ ᠲᠡᠳᠡ ᠡᠵᠡᠨᠲᠦ ᠭᠦᠷᠦᠨ ᠦ᠌ ᠨᠡᠢᠰᠯᠡᠯ ᠳ᠋ᠦ᠍ ᠡᠳ᠋ᠯᠡᠵᠦ ᠬᠡᠷᠡᠭᠯᠡᠳᠡᠭ᠃ ᠴᠠᠮᠢᠨ ᠲᠠᠩᠰᠤᠭ ᠤ᠋ᠨ ᠳᠡᠭᠡᠳᠦ ᠬᠣᠷᠭᠣᠢ ᠲᠣᠷᠭ᠎ᠠ ᠲᠡᠷᠢᠭᠦᠲᠡᠨ ᠬᠢᠭᠡᠳ ᠳᠤᠯᠠᠭᠠᠨ ᠣᠷᠣᠨ ᠤ᠋ ᠲᠥᠷᠥᠯ ᠪᠦᠷᠢ ᠶ᠋ᠢᠨ ᠬᠦᠨᠡᠰᠦ᠂ ᠵᠢᠮᠢᠰ ᠨᠣᠭᠣᠭ᠎ᠠ ᠵᠡᠷᠭᠡ ᠶ᠋ᠢ ᠬᠦᠨᠡᠰᠦᠨ ᠳ᠋ᠡᠭᠡᠨ ᠬᠡᠷᠡᠭᠯᠡᠵᠦ᠂ ᠢᠳᠡᠰᠢ ᠤᠤᠭᠤᠰᠢ᠂ ᠡᠳ᠋ᠯᠡᠯ ᠬᠡᠷᠡᠭᠯᠡᠯ ᠦ᠋ᠨ ᠲᠣᠭ᠎ᠠ ᠨᠢ ᠠᠷᠪᠢᠵᠢᠵᠤ ᠡᠬᠢᠯᠡᠪᠡ᠃ ᠡᠨᠡ ᠬᠣᠭᠣᠷᠣᠨᠳᠣ ᠰᠣᠷᠬᠠᠭᠲᠠᠨᠢ ᠪᠣᠳᠣᠵᠤ ᠲᠥᠯᠥᠪᠯᠡᠭᠰᠡᠨ ᠵᠦᠢᠯ ᠢ᠋ᠶ᠋ᠡᠨ ᠠᠮᠵᠢᠭᠤᠯᠤᠨ ᠠᠪᠲᠤᠯ ᠷᠠᠬᠠᠮᠠᠨ ᠭᠡᠵᠦ ᠬᠡᠨ ᠪᠣᠯᠬᠤ᠂ ᠶᠠᠮᠠᠷ ᠰᠠᠨᠠᠭ᠎ᠠ ᠠᠭᠤᠯᠵᠤ ᠪᠠᠢᠭ᠎ᠠ᠂ ᠲᠡᠭᠦᠨ ᠦ᠌ ᠵᠣᠷᠢᠯᠭ᠎ᠠ ᠨᠢ ᠶᠠᠭᠤ ᠪᠣᠯᠬᠤ ᠵᠡᠷᠭᠡ ᠶ᠋ᠢ ᠢᠨᠢᠯᠢ ᠡᠴᠡ ᠳᠠᠩᠳᠠᠨ᠂ ᠤᠯᠠᠮ ᠠ᠋ᠴᠠ ᠴᠠᠭᠠᠳᠤ ᠰᠠᠨᠠᠭ᠎ᠠ ᠶ᠋ᠢ ᠪᠦᠷᠢᠨ ᠲᠠᠨᠢᠬᠤ ᠴᠢᠭᠲᠠᠭ᠎ᠠ ᠶ᠋ᠢᠨ ᠦᠵᠦᠭᠦᠷ ᠢ᠋ᠶ᠋ᠡᠨ ᠴᠢᠩᠭᠠᠯᠠᠭᠰᠠᠭᠠᠷ ᠯᠠ ᠪᠠᠢᠪᠠ᠃ ᠬᠤᠳᠠᠯ ᠬᠡᠯᠡᠵᠦ ᠴᠢᠳᠠᠬᠤ ᠦᠭᠡᠢ ᠪᠠᠢᠨ᠎ᠠ ᠭᠡᠳᠡᠭ ᠦᠨᠡᠨᠴᠢ ᠪᠢᠰᠢ ᠭᠡᠰᠡᠨ ᠦᠭᠡ ᠲᠡᠢ ᠠᠳᠠᠯᠢ ᠪᠤᠰᠤ ᠶᠤᠮ᠃
    — ᠡᠵᠢ ᠲᠠ ᠳᠠᠭᠤᠳᠠᠭᠤᠯᠤᠭ᠎ᠠ ‍ᠤᠤ ᠭᠡᠮᠡᠨ ᠭᠠᠳᠠᠨ᠎ᠠ ᠠ᠋ᠴᠠ ᠬᠤᠪᠢᠯᠠᠢ ᠣᠷᠣᠵᠤ ᠢᠷᠡᠯ᠎ᠡ᠃ ᠰᠤᠷᠬᠠᠭᠲᠠᠨᠢ ᠬᠦᠦ ᠪᠡᠨ ᠳᠡᠷᠭᠡᠳᠡ ᠪᠡᠨ ᠰᠠᠭᠤᠬᠤ ᠶ᠋ᠢ ᠬᠦᠰᠡᠭᠡᠳ᠂
    — ᠬᠦᠦ ᠮᠢᠨᠢ ᠴᠢ ᠠᠬ᠎ᠠ ᠶ᠋ᠢᠨ ᠡᠵᠡᠭᠦᠢ ᠳ᠋ᠦ᠍ ᠭᠡᠷ ᠢ᠋ᠶ᠋ᠡᠨ ᠰᠠᠬᠢᠵᠤ ᠰᠠᠭᠤᠭᠰᠠᠨ ᠴᠢᠨᠢ ᠬᠠᠩᠭᠠᠯᠲᠠ ᠲᠠᠢ᠃ ᠴᠢᠮ᠎ᠠ ᠳ᠋ᠤ᠌ ᠠᠷᠪᠢᠨ ᠶᠡᠬᠡ ᠲᠤᠷᠰᠢᠯᠭ᠎ᠠ ᠪᠣᠢ ᠪᠣᠯᠤᠭᠰᠠᠨ ᠭᠡᠵᠦ ᠨᠠᠢᠳᠠᠵᠤ ᠪᠠᠢᠨ᠎ᠠ᠃ ᠣᠳᠣ ᠴᠢ ᠡᠷᠦᠬᠡ ᠲᠤᠰᠠᠭᠠᠷᠯᠠᠬᠤ ᠴᠠᠭ ᠴᠢᠨᠢ ᠪᠣᠯᠵᠤ᠂ ᠥᠪᠡᠷ ᠦ᠋ᠨ ᠥᠮᠴᠢ ᠭᠠᠵᠠᠷ ᠢᠷᠭᠡᠳ ᠢ᠋ ᠵᠠᠰᠠᠨ ᠰᠠᠭᠤ᠃ ᠥᠭᠡᠳᠡᠢ ᠬᠠᠭᠠᠨ ᠪᠢᠳᠡᠨ ᠳ᠋ᠦ᠍ ᠡᠮᠦᠨ᠎ᠡ ᠵᠦᠭ ᠲᠦ᠍ ᠾᠧᠪᠧᠢ ᠳ᠋ᠦ᠍ ᠡᠵᠡᠮᠰᠢᠯ ᠭᠠᠵᠠᠷ ᠣᠯᠭᠣᠭᠰᠠᠨ ᠲᠤᠯᠠ ᠬᠦᠦ ᠮᠢᠨᠢ ᠲᠠᠢᠰᠢ ᠮᠣᠷᠳᠠᠵᠤ᠂ ᠵᠠᠰᠠᠨ ᠲᠥᠪᠬᠢᠨᠡᠭᠦᠯ᠃ ᠡᠮᠦᠨ᠎ᠡ ᠵᠦᠭ ᠦ᠋ᠨ ᠬᠡᠯᠡ ᠰᠣᠶᠣᠯ ᠢ᠋ ᠴᠢ ᠬᠠᠩᠭᠠᠯᠲᠠ ᠲᠠᠢ ᠦᠵᠡᠵᠦ ᠰᠤᠷᠤᠭᠰᠠᠨ᠃ ᠡᠨᠡ ᠪᠣᠯ ᠴᠢᠨᠦ ᠭᠠᠵᠠᠷ᠃ ᠲᠡᠢᠮᠦ ᠡᠴᠡ ᠲᠡᠢᠰᠢ ᠬᠡᠵᠢᠶ᠎ᠡ ᠭᠠᠷᠬᠤ ᠶ᠋ᠢ ᠴᠢ ᠥᠪᠡᠷ ᠢ᠋ᠶ᠋ᠡᠨ ᠰᠢᠢᠳ᠃ ᠬᠠᠷᠢᠨ ᠪᠢ ᠡᠬᠡ ᠶ᠋ᠢᠨ ᠶᠣᠰᠣ ᠪᠠᠷ ᠬᠠᠮᠲᠤ ᠶᠠᠪᠤᠵᠤ ᠴᠢᠮᠠᠶ᠋ᠢ ᠬᠦᠷᠭᠡᠭᠡᠳ ᠨᠠᠭᠠᠰᠢ ᠢᠷᠡᠬᠦ ᠪᠣᠯᠤᠨ᠎ᠠ᠃ ᠬᠠᠭᠠᠨ ᠤ᠋ ᠪᠢᠳᠡᠨ ᠳ᠋ᠦ᠍ ᠬᠠᠢᠷᠠᠯᠠᠭᠰᠠᠨ ᠪᠤᠬᠠᠷ ᠬᠣᠲᠠ ᠶ᠋ᠢ ᠬᠥᠯᠡᠬᠦ ᠵᠠᠰᠠᠬᠤ ᠪᠣᠯᠤᠨ᠎ᠠ᠃ ᠬᠠᠷᠢᠨ ᠤᠳᠬᠤᠨ ᠬᠦᠦ ᠶ᠋ᠢᠨ ᠶᠣᠰᠣ ᠪᠠᠷ ᠠᠷᠢᠬᠪᠥ᠋ᠬᠡ ᠥᠪᠡᠷ ᠦ᠋ᠨ ᠭᠠᠯ ᠭᠣᠯᠣᠮᠲᠠ ᠪᠠᠨ ᠮᠠᠨᠠᠵᠤ ᠦᠯᠡᠳᠡᠨ᠎ᠡ ᠭᠡᠵᠦ ᠬᠡᠯᠡᠯ᠎ᠡ᠃
    ᠦᠨᠡᠬᠡᠷ ᠴᠦ᠍ ᠡᠷ᠎ᠡ ᠪᠡᠶ᠎ᠡ ᠥᠰᠴᠦ ᠢᠳᠡ ᠨᠠᠰᠤᠨ ᠳᠡᠭᠡᠷ᠎ᠡ ᠪᠡᠨ ᠢᠷᠡᠭᠰᠡᠨ ᠬᠤᠪᠢᠯᠠᠢ ᠶ᠋ᠢᠨ ᠬᠤᠪᠢ ᠳ᠋ᠤ᠌ ᠥᠪᠡᠷ ᠦ᠋ᠨ ᠠᠷᠠᠳ ᠢᠷᠭᠡᠳ ᠢ᠋ ᠤᠳᠤᠷᠢᠳᠤᠨ ᠵᠠᠯᠠᠬᠤ ᠤᠬᠠᠭᠠᠨ᠂ ᠬᠦᠴᠦ᠂ ᠨᠠᠰᠤ ᠠᠯᠢ ᠠᠯᠢ ᠨᠢ ᠵᠢᠭᠰᠠᠵᠠᠢ᠃ ᠰᠤᠷᠬᠠᠭᠲᠠᠨᠢ ᠬᠡᠦᠬᠡᠳ ᠦ᠋ᠳ ᠢ᠋ᠶ᠋ᠡᠨ ᠲᠤᠰ ᠲᠤᠰ ᠲᠤᠨᠢ ᠭᠠᠵᠠᠷ ᠣᠷᠣᠨ ᠢ᠋ ᠵᠠᠰᠠᠨ ᠶᠠᠪᠤᠭᠤᠯᠬᠤ ᠤᠬᠠᠭᠠᠨ ᠢ᠋ ᠠᠩᠬᠠᠨ ᠠ᠋ᠴᠠ ᠨᠢ ᠪᠣᠳᠣᠯᠭ᠎ᠠ ᠲᠠᠢ ᠰᠠᠭᠤᠯᠭᠠᠭᠰᠠᠨ ᠮᠡᠲᠦ ᠰᠠᠨᠠᠭᠳᠠᠨ᠎ᠠ᠃ ᠤᠴᠢᠷ ᠨᠢ ᠬᠦᠦ ᠬᠤᠪᠢᠯᠠᠢ ᠪᠠᠨ ᠪᠠᠭ᠎ᠠ ᠠ᠋ᠴᠠ ᠨᠢ ᠳᠣᠷᠣᠨᠠᠳᠠᠬᠢᠨ ᠤ᠋ ᠱᠠᠰᠢᠨ᠂ ᠤᠯᠠᠮᠵᠢᠯᠠᠯᠲᠤ ᠤᠬᠠᠭᠠᠨ ᠤ᠋ ᠡᠷᠳᠡᠮ ᠳ᠋ᠦ᠍ ᠰᠤᠷᠭᠠᠵᠤ ᠪᠠᠢᠭᠰᠠᠨ ᠪᠣᠯ᠂ ᠤᠳᠠᠭᠠᠬᠢ ᠬᠦᠦ ᠬᠦᠯᠡᠬᠦ ᠳ᠋ᠦ᠍ ᠢᠰᠯᠠᠮ ᠤ᠋ᠨ ᠱᠠᠰᠢᠨ ᠤ᠋ ᠰᠤᠷᠲᠠᠯ᠂ ᠡᠷᠬᠢᠮ ᠮᠡᠳᠡᠯᠭᠡ ᠶ᠋ᠢ ᠲᠠᠨᠢᠭᠤᠯᠤᠭᠰᠠᠨ ᠪᠠᠢᠪᠠ᠃ ᠭᠡᠪᠡᠴᠦ ᠡᠨᠡ ᠪᠦᠬᠦᠨ ᠥᠭᠡᠳᠡᠢ ᠬᠠᠭᠠᠨ ᠲᠡᠳᠡᠨ ᠳ᠋ᠦ᠍ ᠡᠵᠡᠯᠡᠨ ᠠᠪᠤᠭᠰᠠᠨ ᠭᠠᠵᠠᠷ ᠣᠷᠣᠨ ᠢ᠋ᠶ᠋ᠠᠨ ᠲᠠᠰᠤᠳᠠᠨ ᠥᠭᠬᠦ ᠡᠴᠡ ᠡᠮᠦᠨ᠎ᠡ ᠪᠣᠯᠤᠭᠰᠠᠨ ᠬᠡᠷᠡᠭ᠃ ᠡᠬᠡ ᠶ᠋ᠢᠨ ᠦᠭᠡ ᠶ᠋ᠢ ᠰᠣᠨᠣᠰᠴᠤ ᠳᠠᠭᠤᠰᠤᠭᠠᠳ ᠬᠤᠪᠢᠯᠠᠢ᠂
    — ᠭᠤᠷᠪᠠᠨ ᠭᠣᠣᠯ ᠤ᠋ᠨ ᠰᠠᠪᠠ ᠭᠠᠵᠠᠷ᠂ ᠭᠠᠯ ᠭᠣᠯᠣᠮᠲᠠ ᠪᠠᠨ ᠠᠷᠢᠬᠪᠥ᠋ᠬᠡ ᠳ᠋ᠦ᠍ ᠦᠯᠡᠳᠡᠭᠡᠬᠦ ᠳ᠋ᠦ᠍ ᠰᠠᠨᠠᠭ᠎ᠠ ᠵᠣᠪᠠᠬᠤ ᠵᠦᠢᠯ ᠦᠭᠡᠢ ᠪᠢᠵᠡ᠃ ᠳᠡᠭᠦᠦ ᠮᠢᠨᠢ ᠥᠨᠥᠬᠡᠨ ᠠᠷᠠᠢ ᠪᠠᠯᠴᠢᠷ ᠲᠤᠯᠠ ᠡᠭᠡᠴᠢ ᠳᠡᠮᠥᠬᠡᠨ ᠪᠡᠬᠢ ᠶ᠋ᠢ ᠬᠠᠮᠲᠤ ᠦᠯᠡᠳᠡᠭᠡᠶ᠎ᠡ᠃ ᠡᠵᠢ ᠮᠢᠨᠢ᠂ ᠲᠠ ᠵᠥᠪᠰᠢᠶᠡᠷᠡᠬᠦ ᠠᠪᠠᠰᠤ ᠡᠨᠳᠡᠬᠢ ᠠᠵᠢᠯ ᠢ᠋ᠶ᠋ᠠᠨ ᠳᠠᠭᠤᠰᠬᠠᠭᠠᠳ ᠬᠡᠳᠦ ᠬᠣᠨᠣᠭ ᠤ᠋ᠨ ᠳᠠᠷᠠᠭ᠎ᠠ ᠬᠥᠳᠡᠯᠦᠶ᠎ᠡ ᠭᠡᠵᠦ ᠬᠡᠯᠡᠯ᠎ᠡ᠃
    — ᠬᠡᠵᠢᠶ᠎ᠡ ᠭᠠᠷᠬᠤ ᠪᠠᠨ ᠬᠦᠦ ᠮᠢᠨᠢ ᠴᠢ ᠮᠡᠳᠡ᠂ ᠡᠵᠢ ᠨᠢ ᠴᠢᠨᠦ ᠬᠡᠯᠡᠭᠰᠡᠨ ᠢ᠋ᠶ᠋ᠡᠷ ᠪᠣᠯᠬᠤ ᠪᠣᠯᠤᠨ᠎ᠠ ᠭᠡᠬᠦ ᠬᠦᠦ ᠪᠡᠷ ᠢ᠋ᠶ᠋ᠡᠨ ᠪᠠᠬᠠᠷᠬᠠᠭᠰᠠᠨ ᠡᠵᠢ ᠶ᠋ᠢᠨ ᠰᠡᠳᠬᠢᠯ ᠴᠠᠭᠠᠨ᠎ᠠ ᠪᠠᠨ ᠨᠢᠭᠡ ᠠᠮᠤᠭᠤᠯᠠᠩ᠃
       ᠬᠡᠳᠦᠨ ᠡᠳᠦᠷ ᠦ᠋ᠨ ᠳᠠᠷᠠᠭ᠎ᠠ ᠰᠤᠷᠬᠠᠭᠲᠠᠨᠢ ᠥᠪᠡᠷ ᠦ᠋ᠨ ᠬᠦᠦ ᠬᠤᠪᠢᠯᠠᠢ ᠶ᠋ᠢᠨ ᠬᠠᠮᠲᠤ ᠡᠮᠦᠨ᠎ᠡ ᠵᠦᠭ ᠢ᠋ ᠵᠣᠷᠢᠬᠤ ᠪᠣᠯᠤᠯ᠎ᠠ᠃ ᠡᠷᠳᠡᠮ ᠰᠤᠷᠤᠨ᠎ᠠ ᠭᠡᠳᠡᠭ ᠬᠡᠵᠢᠶ᠎ᠡ ᠨᠢᠭᠡᠨ ᠡᠳᠦᠷ ᠬᠡᠷᠡᠭ ᠢ᠋ ᠨᠢ ᠭᠠᠷᠭᠠᠬᠤ ᠳ᠋ᠤ᠌ ᠵᠣᠷᠢᠭᠤᠯᠤᠭᠳᠠᠬᠤ ᠪᠤᠰᠤ ᠤᠤ᠃ ᠬᠡᠵᠢᠶ᠎ᠡ ᠨᠢᠭᠡᠨ ᠡᠳᠦᠷ ᠬᠡᠷᠡᠭ ᠢ᠋ ᠨᠢ ᠭᠠᠷᠭᠠᠬᠤ ᠦᠭᠡᠢ ᠠᠪᠠᠰᠤ ᠡᠷᠳᠡᠮ ᠬᠢᠭᠡᠳ ᠡᠷᠳᠡᠮᠲᠦ ᠬᠥᠮᠦᠨ ᠦᠨ᠎ᠡ ᠦᠭᠡᠢ ᠪᠣᠯᠤᠨ᠎ᠠ᠃ ᠬᠤᠪᠢᠯᠠᠢ ᠶ᠋ᠢᠨ ᠬᠤᠪᠢ ᠳ᠋ᠤ᠌ ᠬᠠᠲᠤᠨ ᠡᠬᠡ ᠶ᠋ᠢᠨ ᠬᠠᠵᠠᠭᠤ ᠳ᠋ᠤ᠌ ᠥᠰᠴᠦ ᠲᠣᠮᠣ ᠪᠣᠯᠤᠨ ᠡᠳᠦᠢ ᠵᠡᠷᠭᠡ ᠳ᠋ᠦ᠍ ᠬᠦᠷᠬᠦ ᠳ᠋ᠡᠭᠡᠨ ᠰᠤᠷᠤᠭᠰᠠᠨ ᠡᠷᠳᠡᠮ ᠶᠡᠬᠡ ᠪᠣᠢ᠃ ᠣᠳᠣ ᠲᠡᠭᠦᠨ ᠦ᠌ ᠬᠡᠷᠡᠭ ᠢ᠋ ᠭᠠᠷᠭᠠᠬᠤ ᠴᠠᠭ ᠢᠷᠡᠵᠡᠢ᠃
       ᠡᠨᠡ ᠬᠣᠭᠣᠷᠣᠨᠳᠣ ᠬᠠᠷᠠᠬᠣᠷᠣᠮ ᠳ᠋ᠤ᠌ ᠶᠡᠬᠡ ᠵᠦᠢᠯ ᠥᠭᠡᠷᠡᠴᠢᠯᠡᠭᠳᠡᠵᠡᠢ᠃ ᠡᠵᠡᠯᠡᠨ ᠠᠪᠤᠭᠰᠠᠨ ᠬᠣᠲᠠ ᠨᠤᠭᠤᠳ ᠠ᠋ᠴᠠ ᠢᠷᠡᠭᠰᠡᠨ ᠡᠳ᠋ ᠪᠠᠷᠠᠭᠠᠨ ᠳ᠋ᠤ᠌ ᠪᠤᠯᠬᠠᠬᠤ ᠡᠨᠡ ᠬᠣᠲᠠ ᠡᠷᠳᠡᠨᠢᠰ ᠦ᠋ᠨ ᠣᠷᠣᠨ ᠭᠡᠯᠲᠡᠢ᠂ ᠠᠯᠲᠠᠨ ᠰᠢᠷᠭᠠᠯ ᠥᠩᠭᠡ ᠪᠡᠷ ᠲᠤᠨᠤᠷᠠᠨ ᠪᠠᠢᠪᠠ᠃ ᠥᠭᠡᠳᠡᠢ ᠬᠠᠭᠠᠨ ᠵᠠᠷᠯᠢᠭ ᠪᠣᠯᠭᠠᠨ ᠳᠠᠭᠤᠳᠠᠭᠤᠯᠤᠭᠰᠠᠨ ᠶᠣᠰᠣᠭᠠᠷ ᠪᠠᠷᠠᠭᠤᠨ ᠵᠦᠭ ᠲᠦ᠍ ᠠᠶᠠᠨ ᠲᠡᠢᠨ ᠳ᠋ᠦ᠍ ᠶᠠᠪᠤᠭᠰᠠᠨ ᠭᠦᠶᠦᠭ ᠲᠡᠷᠡ ᠨᠢᠭᠡᠨ ᠡᠳᠦᠷ ᠦ᠋ᠨ ᠳᠠᠷᠠᠭ᠎ᠠ ᠥᠪᠡᠷ ᠦ᠋ᠨ ᠨᠡᠷ᠎ᠡ ᠶ᠋ᠢ ᠴᠡᠪᠡᠷᠯᠡᠭᠡᠳ᠂ ᠪᠠᠢᠭᠤᠯᠤᠨ ᠪᠤᠴᠠᠨ ᠢᠷᠡᠵᠦ ᠶᠠᠪᠤᠭ᠎ᠠ ᠰᠠᠢᠬᠠᠨ ᠮᠡᠳᠡᠭᠡ ᠰᠣᠨᠣᠰᠤᠭᠳᠠᠨ᠎ᠠ᠃ ᠲᠡᠭᠦᠨ ᠲᠡᠢ ᠬᠠᠮᠲᠤ ᠰᠤᠷᠬᠠᠭᠲᠠᠨᠢ ᠬᠠᠲᠤᠨ ᠤ᠋ ᠲᠣᠮᠣ ᠬᠦᠦ ᠮᠥᠩᠬᠡ ᠢᠷᠡᠵᠦ ᠶᠠᠪᠤᠯ᠎ᠠ᠃
       ᠡᠨᠡ ᠮᠡᠳᠡᠭᠡ ᠲᠠᠯ᠎ᠠ ᠨᠤᠲᠤᠭ ᠢ᠋ᠶ᠋ᠠᠷ ᠳᠣᠪᠲᠣᠯᠤᠨ ᠰᠤᠷᠬᠠᠭᠲᠠᠨᠢ ᠬᠠᠲᠤᠨ ᠤ᠋ ᠴᠢᠬᠢᠨ ᠳ᠋ᠦ᠍ ᠢᠷᠡᠵᠦ ᠰᠣᠨᠣᠰᠤᠭᠳᠠᠬᠤ ᠳ᠋ᠤ᠌ ᠬᠠᠷᠠᠬᠣᠷᠣᠮ ᠢ᠋ᠶ᠋ᠠᠷ ᠳᠠᠭᠠᠷᠢᠨ ᠡᠮᠦᠨ᠎ᠡ ᠵᠦᠭ ᠲᠦ᠍ ᠵᠣᠷᠢᠬᠤ ᠭᠡᠵᠦ ᠪᠠᠢᠭᠰᠠᠨ ᠬᠠᠲᠤᠨ ᠤ᠋ ᠬᠤᠪᠢ ᠳ᠋ᠤ᠌ ᠬᠦᠦ ᠲᠡᠢ ᠪᠡᠨ ᠠᠭᠤᠯᠵᠠᠭᠠᠳ ᠬᠥᠳᠡᠯᠬᠦ ᠰᠠᠢᠬᠠᠨ ᠪᠣᠯᠤᠮᠵᠢ ᠶ᠋ᠢ ᠠᠪᠴᠤ ᠢᠷᠡᠭᠰᠡᠨ ᠲᠤᠯᠠ ᠶᠠᠭᠠᠷᠠᠪᠴᠢᠯᠠᠨ ᠬᠠᠷᠠᠬᠣᠷᠣᠮ ᠤ᠋ᠨ ᠵᠦᠭ ᠬᠥᠳᠡᠯᠪᠡ᠃ ᠬᠠᠷᠢᠨ ᠪᠠᠲᠤ ᠪᠠᠷ ᠤᠳᠤᠷᠢᠳᠤᠭᠤᠯᠤᠭᠰᠠᠨ ᠴᠡᠷᠢᠭ ᠦ᠋ᠳ ᠴᠠᠭᠠᠰᠢ ᠳᠣᠪᠲᠣᠯᠤᠭᠰᠠᠭᠠᠷ ᠣᠷᠣᠰ ᠢ᠋ ᠠᠳᠬᠤᠨ ᠳ᠋ᠠᠭᠠᠨ ᠣᠷᠣᠭᠤᠯᠵᠤ᠂ ᠠᠯᠲᠠᠨ ᠣᠷᠳᠣᠨ ᠤ᠋ ᠤᠯᠤᠰ ᠢ᠋ᠶ᠋ᠠᠨ ᠪᠠᠢᠭᠤᠯᠤᠨ᠂ ᠤᠯᠠᠮ ᠪᠦᠷ ᠴᠠᠭᠠᠰᠢᠯᠠᠭᠰᠠᠨ ᠪᠠᠢᠯ᠎ᠠ᠃ ᠲᠡᠳᠡᠨ ᠦ᠌ ᠮᠣᠷᠢᠳ ᠤ᠋ᠨ ᠲᠤᠭᠤᠷᠠᠢ ᠷᠣᠮᠠ ᠶ᠋ᠢᠨ ᠫᠠᠫ ᠤ᠋ᠨ ᠴᠢᠬᠢᠨ ᠳ᠋ᠦ᠍ ᠰᠣᠨᠣᠰᠤᠭᠳᠠᠨ᠂ ᠪᠦᠬᠦ ᠧᠦ᠋ᠷᠣᠫᠠ ᠳᠣᠷᠭᠢᠵᠤ ᠠᠢᠳᠠᠰ ᠬᠦᠢᠳᠡᠰ ᠦ᠋ᠨ ᠳᠠᠭᠤ ᠭᠠᠵᠠᠷ ᠪᠦᠷᠢ ᠡᠴᠡ ᠰᠣᠨᠣᠰᠤᠭᠳᠠᠨ᠎ᠠ᠃ ᠬᠠᠷᠠᠬᠣᠷᠣᠮ ᠳ᠋ᠤ᠌ ᠮᠥᠩᠬᠡ᠂ ᠭᠦᠶᠦᠭ ᠨᠠᠷ ᠴᠡᠷᠢᠭ ᠢ᠋ᠶ᠋ᠡᠨ ᠠᠪᠤᠨ ᠢᠷᠡᠬᠦ ᠳ᠋ᠦ᠍ ᠰᠤᠷᠬᠠᠭᠲᠠᠨᠢ ᠬᠠᠲᠤᠨ᠂ ᠬᠦᠦ ᠬᠤᠪᠢᠯᠠᠢ ᠶ᠋ᠢᠨ ᠬᠠᠮᠲᠤ ᠪᠠᠷ ᠲᠣᠰᠣᠨ ᠬᠦᠯᠢᠶᠡᠪᠡ᠃
       ᠪᠠᠷᠤᠭ ᠲᠠᠪᠤᠨ ᠵᠢᠯ ᠦᠷᠭᠦᠯᠵᠢᠯᠡᠭᠰᠡᠨ ᠡᠨᠡ ᠶᠡᠬᠡ ᠲᠡᠢᠨ ᠳᠠᠵᠢᠨ ᠥᠨᠳᠥᠷᠯᠡᠵᠦ᠂ ᠢᠯᠠᠯᠲᠠ ᠶ᠋ᠢᠨ ᠤᠤᠬᠠᠢ ᠬᠠᠳᠠᠨ᠂ ᠡᠬᠡ ᠦᠷ᠎ᠡ ᠬᠣᠶᠠᠷ ᠡᠰᠡᠨ ᠮᠡᠨᠳᠦ ᠠᠭᠤᠯᠵᠠᠬᠤ ᠪᠠᠶᠠᠷᠲᠤ ᠮᠥᠴᠡ ᠢᠷᠡᠪᠡ᠃ ᠮᠥᠩᠬᠡ ᠡᠳᠦᠭᠡ ᠭᠤᠴᠢ ᠱᠦᠷᠭᠦᠵᠦ ᠶᠠᠪᠤᠭ᠎ᠠ ᠡᠷ᠎ᠡ ᠪᠡᠶ᠎ᠡ ᠲᠡᠭᠰᠢᠷᠡᠭᠰᠡᠨ ᠢᠳᠡᠷ ᠰᠠᠢᠬᠠᠨ ᠡᠷ᠎ᠡ ᠪᠣᠯᠵᠠᠢ᠃ ᠬᠠᠲᠤᠨ ᠬᠦᠦ ᠶ᠋ᠢᠨ ᠢ᠋ᠶ᠋ᠡᠨ ᠬᠠᠴᠠᠷ ᠨᠢᠭᠤᠷ ᠢ᠋ ᠬᠣᠶᠠᠷ ᠭᠠᠷ ᠢ᠋ᠶ᠋ᠠᠷ ᠢ᠋ᠶ᠋ᠠᠨ ᠢᠯᠢᠵᠦ ᠳᠤᠬᠤᠨ ᠳᠡᠭᠡᠷ᠎ᠡ ᠨᠢ ᠦᠨᠦᠷᠯᠡᠨ ᠦᠨᠦᠰᠦᠯ᠎ᠡ᠃ ᠬᠦᠦ ᠨᠢ ᠲᠠᠪᠤᠨ ᠵᠢᠯ ᠦ᠋ᠨ ᠡᠮᠦᠨᠡᠬᠢ ᠡᠴᠡ ᠪᠠᠭᠤᠷᠢ ᠰᠠᠭᠤᠵᠤ᠂ ᠰᠠᠬᠠᠯ ᠲᠠᠯᠪᠢᠵᠤ᠂ ᠲᠠᠴᠢᠷᠬᠠᠨ ᠤᠷᠭᠤᠭᠰᠠᠨ ᠰᠠᠬᠠᠯ ᠨᠢ ᠨᠠᠮᠪᠠ ᠰᠠᠭᠤᠯᠭᠠᠨ᠂ ᠮᠥᠨ ᠴᠤ᠌ ᠵᠣᠬᠢᠭᠰᠠᠨ ᠬᠠᠷᠠᠭᠳᠠᠨ᠎ᠠ᠃ ᠬᠦᠦ ᠶ᠋ᠢᠨ ᠢ᠋ᠶ᠋ᠡᠨ ᠳᠤᠬᠤ ᠶ᠋ᠢ ᠦᠨᠦᠷᠯᠡᠭᠰᠡᠨ ᠬᠠᠲᠤᠨ ᠤ᠋ ᠴᠡᠭᠡᠵᠢᠨ ᠳᠣᠲᠣᠷ᠎ᠠ ᠬᠦᠦ ᠲᠡᠢ ᠪᠡᠨ ᠠᠭᠤᠯᠵᠠᠭᠰᠠᠨ ᠪᠠᠶᠠᠷᠲᠤ ᠮᠡᠳᠡᠷᠡᠮᠵᠢ ᠡᠴᠡ ᠭᠠᠳᠠᠨ᠎ᠠ ᠪᠠᠰᠠ ᠨᠢᠭᠡᠨ ᠬᠦᠴᠦᠲᠡᠢ ᠴᠣᠬᠢᠬᠤ ᠮᠡᠳᠡᠷᠡᠮᠵᠢ ᠵᠡᠷᠭᠡᠴᠡᠨ ᠲᠥᠷᠥᠵᠦ ᠪᠠᠢᠭ᠎ᠠ ᠨᠢ ᠰᠣᠨᠢᠨ᠃ ᠡᠨᠡ ᠪᠣᠯ ᠰᠤᠷᠬᠠᠭᠲᠠᠨᠢ ᠳ᠋ᠤ᠌ ᠣᠯᠠᠨ ᠵᠢᠯ ᠦ᠋ᠨ ᠬᠦᠯᠢᠶᠡᠯᠲᠡ ᠣᠯᠠᠨ ᠤᠳᠠᠭ᠎ᠠ ᠶ᠋ᠢᠨ ᠲᠡᠢᠨ ᠳ᠋ᠦ᠍ ᠬᠠᠢᠷᠠᠲᠠᠢ ᠬᠥᠮᠦᠰ ᠢ᠋ᠶ᠋ᠡᠨ ᠦᠳᠡᠵᠦ ᠮᠣᠷᠳᠠᠭᠤᠯᠤᠭᠰᠠᠨ ᠬᠥᠮᠦᠨ ᠦ᠌ ᠬᠤᠪᠢ ᠳ᠋ᠤ᠌ ᠤᠷᠢᠳ ᠡᠮᠦᠨ᠎ᠡ ᠲᠥᠷᠥᠵᠦ ᠪᠠᠢᠭ᠎ᠠ ᠦᠭᠡᠢ ᠮᠡᠳᠡᠷᠡᠮᠵᠢ ᠪᠠᠢᠪᠠ᠃ ᠬᠠᠲᠤᠨ ᠡᠬᠡ ᠡᠨᠡ ᠮᠡᠳᠡᠷᠡᠮᠵᠢ ᠶ᠋ᠢ ᠴᠣᠬᠣᠮ ᠶᠠᠭᠤ ᠪᠣᠯᠬᠤ ᠶ᠋ᠢ ᠮᠡᠳᠡᠨ᠎ᠡ᠃ ᠲᠡᠷᠡ ᠳᠣᠲᠣᠷ᠎ᠠ ᠪᠠᠨ《ᠡᠬᠡ ᠬᠥᠮᠦᠨ ᠦ᠌ ᠵᠣᠪᠠᠯᠠᠩ ᠭᠡᠵᠦ ᠡᠨᠡ ᠪᠠᠢᠵᠠᠢ᠃ ᠤᠷᠢᠳᠤ ᠡᠴᠢᠭᠡ ᠶ᠋ᠢ ᠨᠢ ᠡᠷᠭᠢᠨ ᠢᠷᠡᠬᠦ ᠦᠶ᠎ᠡ ᠳ᠋ᠦ᠍ ᠢᠩᠭᠢᠳᠡᠭ ᠦᠭᠡᠢ ᠰᠠᠨ᠂ ᠭᠡᠨᠡᠳᠲᠡ ᠢᠷᠡᠭᠰᠡᠨ ᠪᠠᠶᠠᠷ ᠲᠠᠢ ᠳᠠᠪᠬᠤᠴᠠᠨ ᠣᠯᠠᠨ ᠵᠢᠯ ᠦ᠋ᠨ ᠲᠤᠷᠰᠢ ᠴᠡᠭᠡᠵᠢᠨ ᠳ᠋ᠦ᠍ ᠬᠤᠷᠠᠭᠰᠠᠨ ᠠᠢᠳᠠᠰ ᠡᠢᠨ ᠵᠢᠷᠦᠬᠡ ᠶ᠋ᠢ ᠨᠢ ᠬᠦᠴᠦᠲᠡᠢ ᠴᠣᠬᠢᠯᠠᠭᠤᠯᠵᠤ᠂ ᠴᠢᠨᠡᠭᠡᠨ ᠳ᠋ᠦ᠍ᠨᠢ ᠲᠤᠯᠭᠠᠨ᠂ ᠡᠩᠭᠡᠷ ᠴᠡᠭᠡᠵᠢ ᠶ᠋ᠢ ᠮᠢᠨᠢ ᠤᠷᠠᠵᠤ ᠪᠠᠢᠭ᠎ᠠ ᠬᠡᠷᠡᠭ ᠪᠠᠢᠬᠤ ᠨᠢ ᠠ᠋》 ᠭᠡᠮᠡᠨ ᠪᠣᠳᠣᠵᠤ ᠪᠠᠢᠯ᠎ᠠ᠃ ᠲᠡᠳᠡᠨ ᠦ᠌ ᠠᠷᠤ ᠠ᠋ᠴᠠ ᠣᠯᠵᠠᠨ ᠳ᠋ᠤ᠌ ᠢᠷᠡᠭᠰᠡᠨ ᠠᠷᠠᠳ ᠣᠯᠠᠨ᠂ ᠡᠳ᠋ ᠪᠠᠷᠠᠭ᠎ᠠ ᠶ᠋ᠢ ᠲᠡᠷᠭᠡ ᠲᠡᠷᠭᠡ ᠪᠡᠷ ᠨᠢ ᠪᠠᠭᠤᠯᠭᠠᠨ᠎ᠠ᠃ ᠰᠤᠷᠬᠠᠭᠲᠠᠨᠢ ᠬᠠᠲᠤᠨ ᠬᠦᠦ ᠲᠡᠢ ᠪᠡᠨ ᠠᠮᠢᠨᠴᠢᠯᠠᠨ ᠠᠭᠤᠯᠵᠠᠯ᠎ᠠ᠃ ᠡᠬᠡ ᠨᠢ ᠬᠤᠪᠢᠯᠠᠢ ᠶ᠋ᠢᠨ ᠬᠠᠮᠲᠤ ᠡᠮᠦᠨ᠎ᠡ ᠵᠦᠭ ᠲᠦ᠍ ᠥᠪᠡᠷ ᠦ᠋ᠨ ᠠᠷᠠᠳ ᠢᠷᠭᠡᠳ ᠢ᠋ᠶ᠋ᠡᠨ ᠵᠠᠰᠠᠨ ᠲᠥᠪᠬᠢᠨᠡᠭᠦᠯᠬᠦ ᠪᠡᠷ ᠶᠠᠪᠤᠬᠤ ᠭᠡᠵᠦ ᠪᠠᠢᠭ᠎ᠠ ᠪᠠᠨ ᠳᠣᠭᠣᠯᠭᠠᠭᠠᠳ ᠪᠠᠷᠠᠭᠤᠨ ᠲᠡᠢᠰᠢ ᠬᠢᠭᠰᠡᠨ ᠠᠶᠠᠨ ᠲᠡᠢᠨ ᠳ᠋ᠦ᠍ ᠬᠠᠨ ᠬᠥᠪᠡᠭᠦᠳ ᠦ᠋ᠨ ᠡᠶ᠎ᠡ ᠡᠪᠳᠡᠷᠡᠯᠴᠡᠭᠰᠡᠨ ᠲᠤᠬᠠᠢ ᠳᠠᠬᠢᠨ ᠳᠤᠷᠠᠰᠴᠤ᠂
    — ᠬᠦᠦ ᠮᠢᠨᠢ᠃ ᠰᠡᠭᠦᠯ ᠦ᠋ᠨ ᠦᠶ᠎ᠡ ᠳ᠋ᠦ᠍ ᠬᠡᠴᠡᠭᠦᠦ ᠰᠤᠪᠢᠨ ᠪᠠᠭᠤᠬᠤ ᠪᠣᠯᠤᠯ᠎ᠠ᠃ ᠡᠬᠡ ᠶ᠋ᠢᠨ ᠡᠵᠡᠭᠦᠢ ᠡᠨᠡ ᠴᠠᠭ ᠲᠤ᠌ ᠬᠠᠭᠠᠨ ᠡᠵᠡᠨ ᠢ᠋ᠶ᠋ᠡᠨ ᠳᠡᠭᠡᠳᠦᠯᠡᠵᠦ᠂ ᠲᠥᠷᠥ ᠶᠣᠰᠣ ᠶ᠋ᠢ ᠬᠦᠨᠳᠦᠳᠬᠡᠨ ᠬᠠᠤᠯᠢ ᠴᠠᠭᠠᠵᠠ ᠶ᠋ᠢ ᠴᠢᠩᠳᠠᠯᠠᠨ ᠰᠠᠬᠢᠵᠤ᠂ ᠥᠪᠡᠷ ᠦ᠋ᠨ ᠡᠷᠴᠢ ᠬᠦᠴᠦ᠂ ᠡᠳ᠋ ᠪᠠᠶᠠᠯᠢᠭ᠂ ᠬᠤᠪᠢ ᠶ᠋ᠢᠨ ᠠᠰᠢᠭ ᠰᠣᠨᠢᠷᠬᠠᠯ ᠢ᠋ ᠨᠡᠩ ᠲᠡᠷᠢᠭᠦᠨ ᠳ᠋ᠦ᠍ ᠲᠠᠯᠪᠢᠬᠤ ᠠ᠋ᠴᠠ ᠲᠠᠲᠠᠭᠠᠯᠵᠠᠵᠤ᠂ ᠠᠬᠠᠨ ᠳᠡᠭᠦᠦ ᠲᠥᠷᠥᠯ ᠰᠠᠳᠤᠨ ᠤ᠋ ᠶᠣᠰᠣ  ᠶ᠋ᠢ ᠡᠷᠬᠢᠮᠯᠡᠨ᠂ ᠲᠤᠢᠯ ᠤ᠋ᠨ ᠦᠨᠡᠨᠴᠢ ᠰᠢᠳᠤᠷᠭᠤ ᠪᠠᠢᠭᠠᠷᠠᠢ ᠭᠡᠮᠡᠨ ᠵᠠᠬᠢᠬᠤ ᠵᠠᠭᠤᠷ᠎ᠠ ᠡᠵᠢ ᠶ᠋ᠢ ᠪᠡᠨ ᠬᠠᠷᠠᠵᠤ ᠰᠠᠭᠤᠭᠰᠠᠨ ᠮᠥᠩᠬᠡ《ᠴᠠᠭ ᠬᠤᠭᠤᠴᠠᠭ᠎ᠠ ᠭᠡᠵᠦ ᠪᠦᠭᠦᠳᠡ ᠶ᠋ᠢᠨ ᠡᠵᠡᠨ ᠪᠤᠶᠤ᠂ ᠡᠵᠢ ᠮᠢᠨᠢ ᠴᠠᠭ ᠤ᠋ᠨ ᠡᠷᠬᠡ ᠪᠡᠷ ᠪᠤᠭᠤᠷᠤᠯ ᠰᠠᠭᠤᠵᠤ᠂ ᠡᠳᠦᠭᠡ ᠨᠠᠰᠤ ᠨᠡᠮᠡᠭᠰᠡᠨ ᠴᠤ᠌ ᠤᠬᠠᠭᠠᠨ ᠭᠡᠳᠡᠭ ᠮᠥᠩᠬᠡ ᠶ᠋ᠢᠨ ᠶᠤᠮ ᠳᠡ᠂ ᠦᠷᠭᠦᠯᠵᠢᠳᠡ ᠦᠨᠡᠨ ᠢ᠋ ᠥᠭᠦᠯᠡᠵᠦ ᠠᠩᠬᠠᠷᠤᠭᠤᠯᠵᠤ ᠪᠠᠢᠬᠤ ᠶᠤᠮ》 ᠭᠡᠵᠦ ᠪᠣᠳᠣᠨ᠎ᠠ᠃   
  ᠰᠤᠷᠬᠠᠭᠲᠠᠨᠢ ᠬᠠᠲᠤᠨ ᠬᠦᠦ ᠮᠥᠩᠬᠡ ᠪᠡᠨ ᠤᠭᠲᠤᠨ ᠠᠭᠤᠯᠵᠠᠵᠤ ᠡᠨᠡ ᠮᠡᠲᠦ ᠶ᠋ᠢ ᠬᠡᠯᠡᠵᠦ ᠵᠠᠬᠢᠨ ᠪᠠᠢᠬᠤ ᠳ᠋ᠤ᠌ ᠥᠭᠡᠳᠡᠢ ᠬᠠᠭᠠᠨ ᠤ᠋ ᠣᠷᠳᠣᠨ ᠳ᠋ᠤ᠌ ᠥᠭᠡᠷ᠎ᠡ ᠨᠢᠭᠡᠨ ᠶᠠᠷᠢᠶ᠎ᠠ ᠥᠷᠨᠢᠵᠦ ᠪᠠᠢᠪᠠ᠃ ᠥᠭᠡᠳᠡᠢ ᠬᠠᠭᠠᠨ ᠲᠡᠢᠨ ᠦ᠌ ᠣᠯᠵᠠ ᠣᠮᠣᠭ᠂ ᠢᠯᠠᠯᠲᠠ ᠠᠪᠴᠤ ᠢᠷᠡᠭᠰᠡᠨ ᠬᠥᠶᠦᠭ ᠲᠡᠢ ᠪᠡᠨ ᠠᠭᠤᠯᠵᠠᠵᠤ ᠪᠠᠢᠯ᠎ᠠ᠃ ᠬᠠᠭᠠᠨ ᠡᠵᠡᠨ ᠰᠡᠳᠬᠢᠯ ᠶᠡᠬᠡᠳᠡ ᠬᠠᠩᠭᠠᠯᠤᠭᠤᠨ ᠢ᠋ᠶ᠋ᠠᠷ᠂ ᠬᠦᠦ ᠮᠢᠨᠢ ᠡᠮ᠎ᠡ ᠬᠥᠮᠦᠨ ᠰᠢᠭ ᠤᠬᠢᠯᠠᠨ ᠢᠷᠡᠬᠦ ᠦᠭᠡᠢ᠂ ᠡᠬᠡ ᠨᠤᠲᠤᠭ ᠲᠠᠭᠠᠨ ᠢᠯᠠᠯᠲᠠ ᠶ᠋ᠢᠨ ᠳᠠᠭᠤ ᠲᠠᠢ ᠢᠷᠡᠭᠰᠡᠨ ᠨᠢ ᠰᠠᠢᠨ ᠬᠡᠷᠡᠭ᠃ ᠪᠢ ᠴᠢᠮᠠᠶ᠋ᠢ ᠬᠢᠷᠢ ᠡᠷ᠎ᠡ ᠪᠣᠯᠬᠤ ᠪᠠᠨ ᠬᠠᠷᠠᠭᠤᠯ ᠭᠡᠵᠦ ᠶᠠᠪᠤᠭᠤᠯᠤᠭᠰᠠᠨ ᠠ᠋ᠴᠠ ᠬᠡᠷᠡᠭᠦᠯ ᠬᠢᠭᠡᠳ ᠢᠷ᠎ᠡ ᠭᠡᠵᠦ ᠶᠠᠪᠤᠭᠤᠯᠤᠭ᠎ᠠ ᠦᠭᠡᠢ ᠶ᠋ᠢ ᠰᠠᠨᠠᠵᠤ᠂ ᠢᠯᠠᠯᠲᠠ ᠪᠠᠢᠭᠤᠯᠵᠠᠢ ᠴᠢ ᠭᠡᠪᠡ᠃
    ᠥᠭᠡᠳᠡᠢ ᠬᠠᠭᠠᠨ ᠶᠡᠬᠡ ᠯᠡ ᠬᠥᠭᠵᠢᠯᠲᠡᠢ᠂ ᠪᠠᠶᠠᠷᠲᠠᠢ ᠪᠠᠢᠭ᠎ᠠ ᠨᠢ ᠢᠯᠡᠳᠲᠡ ᠬᠠᠷᠠᠭᠳᠠᠨ᠎ᠠ᠃ ᠶᠡᠬᠡ ᠬᠠᠭᠠᠨ ᠬᠡᠳᠦᠢ ᠴᠦ᠍ ᠡᠴᠢᠭᠡ ᠬᠥᠮᠦᠨ ᠦ᠌ ᠶᠣᠰᠣ ᠪᠠᠷ ᠬᠦᠦ ᠶ᠋ᠢᠨ ᠢ᠋ᠶ᠋ᠡᠨ ᠲᠥᠯᠥᠭᠡ ᠰᠡᠳᠬᠢᠯ ᠵᠣᠪᠠᠨᠢᠨ ᠰᠠᠭᠤᠭᠰᠠᠨ ᠬᠣᠨᠣᠭ ᠤ᠋ᠳ ᠲᠡᠭᠦᠨ ᠳ᠋ᠦ᠍ ᠣᠯᠠᠨ ᠪᠠᠢᠭᠰᠠᠨ ᠪᠢᠵᠡ᠃
    —ᠬᠠᠭᠠᠨ ᠡᠴᠢᠭᠡ ᠶ᠋ᠢᠨ ᠦᠭᠡᠨ ᠡᠴᠡ ᠬᠦᠦ ᠲᠠᠨᠢ ᠢᠴᠢᠬᠦ ᠶ᠋ᠢᠨ ᠶᠡᠬᠡ ᠪᠡᠷ ᠢᠴᠢᠵᠦ᠂ ᠠᠶᠤᠬᠤ ᠶ᠋ᠢᠨ ᠶᠡᠬᠡ ᠪᠡᠷ ᠠᠶᠤᠵᠤ ᠪᠢᠯᠡ᠃ ᠲᠡᠢᠨ ᠳᠣᠯᠣᠭᠠᠨ ᠳ᠋ᠤ᠌ ᠬᠠᠳᠠ᠂ ᠤᠬᠠᠭᠠᠨ ᠰᠠᠭᠤᠯ᠎ᠠ᠃ ᠲᠡᠢᠮᠦ ᠡᠴᠡ ᠣᠯᠠᠨ ᠲᠦᠮᠡᠨ ᠠᠷᠠᠳ ᠴᠡᠷᠢᠭ ᠡᠷᠡᠰ ᠦ᠋ᠨ ᠢ᠋ᠶ᠋ᠡᠨ ᠡᠮᠦᠨ᠎ᠡ ᠣᠨᠴᠠᠭᠠᠢ ᠭᠠᠪᠢᠶ᠎ᠠ ᠪᠠᠢᠭᠤᠯᠤᠨ᠂ ᠬᠤᠪᠢ ᠶ᠋ᠢᠨ ᠡᠷᠬᠡ ᠠᠰᠢᠭ ᠠ᠋ᠴᠠ ᠢᠯᠡᠭᠦᠦ ᠠᠷᠠᠳ ᠣᠯᠠᠨ ᠢ᠋ᠶ᠋ᠠᠨ ᠳᠡᠭᠡᠳᠦᠯᠡᠨ ᠶᠠᠪᠤᠬᠤ ᠪᠠᠨ ᠬᠠᠷᠠᠭᠤᠯᠬᠤ ᠭᠡᠵᠦ ᠶᠡᠬᠡᠳᠡ ᠬᠢᠴᠢᠶᠡᠯ᠎ᠡ ᠬᠡᠮᠡᠬᠦ ᠳ᠋ᠦ᠍ ᠥᠭᠡᠳᠡᠢ ᠬᠠᠭᠠᠨ ᠬᠦᠦ ᠪᠡᠨ ᠬᠠᠷᠠᠨ᠂ ᠲᠣᠯᠣᠭᠠᠢ ᠳᠣᠬᠢᠵᠤ᠂
    —ᠮᠥᠨ ᠳᠡ ᠮᠢᠨᠦ ᠬᠦᠦ᠃ ᠠᠪᠤ ᠴᠢᠨᠢ ᠡᠢᠮᠦ ᠯᠡ ᠬᠦᠦ ᠶ᠋ᠢ ᠬᠦᠯᠢᠶᠡᠵᠦ ᠪᠠᠢᠯ᠎ᠠ᠃  ᠬᠠᠭᠠᠨ ᠡᠵᠡᠨ ᠦ᠌ ᠨᠢᠭᠤᠷ ᠲᠤ ᠡᠴᠢᠭᠡ ᠬᠥᠮᠦᠨ ᠦ᠌ ᠪᠠᠬᠠᠳᠤᠯ ᠭᠡᠷᠡᠯᠲᠦᠨ ᠪᠠᠢᠭᠰᠠᠨ ᠢ᠋ᠶ᠋ᠠᠨ ᠠᠯᠭᠤᠷ ᠵᠠᠮᠬᠠᠷᠠᠨ ᠡᠨᠡ ᠦᠶ᠎ᠡ ᠳ᠋ᠦ᠍ ᠬᠠᠭᠠᠨ ᠤ᠋ ᠴᠢᠬᠢᠨ ᠳ᠋ᠦ᠍《ᠥᠭᠡᠳᠡᠢ ᠶ᠋ᠢᠨ ᠦᠷ᠎ᠡ ᠡᠪᠡᠰᠦᠨ ᠳ᠋ᠦ᠍ ᠪᠣᠭᠣᠭᠠᠳ ᠦᠬᠡᠷ ᠢᠳᠡᠬᠦ ᠦᠭᠡᠢ᠂ ᠥᠭᠡᠬᠦᠨ ᠳ᠋ᠦ᠍ ᠪᠣᠭᠣᠭᠠᠳ ᠨᠣᠬᠠᠢ ᠢᠳᠡᠬᠦ ᠦᠭᠡᠢ ᠶᠠᠭᠤᠮ᠎ᠠ ᠪᠣᠯᠪᠠᠯ》ᠭᠡᠰᠡᠨ ᠴᠢᠩᠭᠢᠰ ᠬᠠᠭᠠᠨ ᠤ᠋ ᠬᠠᠲᠠᠭᠤ ᠦᠭᠡ ᠲᠡᠷᠡ ᠯᠠ ᠳᠠᠭᠤ ᠬᠣᠭᠣᠯᠠᠢ ᠳᠠᠬᠢᠨ ᠰᠣᠨᠣᠰᠤᠭᠳᠠᠬᠤ ᠰᠢᠭ᠋ ᠪᠣᠯᠬᠤ ᠳ᠋ᠤ᠌《ᠦᠭᠡᠢ᠃ ᠲᠡᠢᠮᠦ ᠪᠠᠢᠬᠤ ᠤᠴᠢᠷ ᠦᠭᠡᠢ》ᠭᠡᠮᠡᠨ ᠳᠣᠲᠣᠷ᠎ᠠ ᠪᠠᠨ ᠬᠡᠯᠡᠯ᠎ᠡ᠃
       ᠬᠦᠦ ᠲᠡᠢ ᠪᠡᠨ ᠵᠡᠷᠪᠡᠰᠬᠡᠨ ᠠᠭᠤᠯᠵᠠᠭᠠᠳ ᠰᠤᠷᠬᠠᠭᠲᠠᠨᠢ ᠬᠠᠲᠤᠨ᠂ ᠲᠡᠷᠡ ᠡᠳᠦᠷ ᠦ᠋ᠨ ᠢ᠋ᠶ᠋ᠡᠨ ᠮᠠᠷᠭᠠᠰᠢ ᠥᠷᠯᠥᠭᠡ ᠨᠢ ᠾᠧᠪᠧᠢ ᠮᠣᠵᠢ ᠤᠷᠤᠭᠤ ᠬᠥᠳᠡᠯᠪᠡ᠃ ᠡᠬᠡ ᠨᠤᠲᠤᠭ ᠤ᠋ᠨ ᠠᠭᠠᠷ ᠲᠠᠨᠢᠯ ᠳᠣᠲᠣᠨᠣ ᠰᠠᠯᠬᠢᠨ ᠤ᠋ ᠦᠨᠦᠷ ᠠᠯᠤᠰᠷᠠᠨ ᠬᠣᠯᠠᠳᠬᠤ ᠲᠣᠰᠤᠮ ᠳᠣᠷᠣᠨ᠎ᠠ ᠵᠦᠭ ᠦ᠋ᠨ ᠬᠠᠯᠠᠭᠤᠨ ᠠᠭᠠᠷ ᠬᠠᠲᠤᠨ ᠢ᠋ ᠪᠠᠭ᠎ᠠ ᠪᠠᠭ᠎ᠠ ᠪᠠᠷ ᠲᠣᠰᠣᠨ ᠠᠪᠴᠤ ᠪᠦᠴᠢᠨ ᠪᠠᠢᠬᠤ ᠰᠢᠭ᠋᠃ ᠬᠣᠯᠠ ᠶ᠋ᠢᠨ ᠵᠠᠮ ᠳ᠋ᠤ᠌ ᠭᠠᠷᠤᠭᠰᠠᠨ ᠬᠦᠦ ᠳ᠋ᠡᠭᠡᠨ ᠡᠬᠡ ᠨᠢ ᠥᠪᠡᠷ ᠦ᠋ᠨ ᠠᠷᠠᠳ ᠢᠷᠭᠡᠳ ᠡᠴᠡ ᠲᠠᠰᠤᠳᠠᠨ ᠥᠭᠴᠦ᠂ ᠬᠠᠮᠲᠤ ᠶᠠᠪᠤᠭᠤᠯᠵᠤ ᠪᠣᠢ ᠲᠤᠯᠠ ᠤᠷᠲᠤ ᠠ᠋ᠴᠠ ᠤᠷᠲᠤ ᠴᠤᠪᠤᠭ᠎ᠠ ᠶᠡᠬᠡ ᠭᠣᠪᠢ ᠶ᠋ᠢ ᠭᠠᠲᠤᠯᠤᠨ ᠪᠠᠢᠯ᠎ᠠ᠃ ᠲᠡᠳᠡ ᠴᠥᠮ ᠬᠠᠯᠠᠭᠤᠨ ᠳ᠋ᠤ᠌ ᠶᠡᠬᠡᠳᠡ ᠤᠮᠳᠠᠭᠠᠰᠤᠨ ᠶᠠᠳᠠᠷᠠᠵᠢ᠃ ᠬᠥᠮᠦᠨ ᠮᠠᠯ ᠦᠭᠡᠢ ᠠᠪᠴᠤ ᠶᠠᠪᠤᠭᠰᠠᠨ ᠤᠰᠤᠨ ᠤ᠋ ᠨᠥᠭᠡᠴᠡ ᠪᠡᠨ ᠪᠠᠭ᠎ᠠ ᠪᠠᠭ᠎ᠠ ᠪᠠᠷ ᠪᠠᠷᠠᠵᠠᠢ᠃ ᠭᠣᠪᠢ ᠶ᠋ᠢᠨ ᠶᠡᠬᠡ ᠲᠠᠯ᠎ᠠ ᠳ᠋ᠤ᠌ ᠬᠠᠮᠢᠭᠠᠰᠢ ᠪᠠᠨ ᠴᠤ᠌ ᠬᠠᠷᠠᠭᠰᠠᠨ ᠡᠯᠡᠰᠦᠨ ᠴᠦᠯ ᠪᠣᠯᠤᠭᠰᠠᠨ ᠶᠡᠬᠡ ᠭᠠᠵᠠᠷ ᠤ᠋ᠨ ᠳᠤᠮᠳᠠ ᠬᠥᠮᠦᠨ  ᠪᠢᠲᠡᠭᠡᠢ ᠬᠡᠯᠡ ᠮᠠᠯ ᠤ᠋ᠨ ᠪᠠᠷ᠎ᠠ ᠬᠣᠪᠣᠷᠬᠠᠨ ᠬᠠᠷᠠᠨ᠎ᠠ᠃ ᠵᠠᠮ ᠵᠠᠭᠤᠷ᠎ᠠ ᠬᠠᠲᠤᠨ ᠡᠬᠡ ᠬᠤᠪᠢᠯᠠᠢ ᠬᠦᠦ ᠪᠡᠨ ᠠᠵᠢᠭᠯᠠᠨ ᠬᠠᠷᠠᠵᠤ ᠶᠠᠪᠤᠯ᠎ᠠ᠃ ᠬᠦᠦ ᠨᠢ ᠥᠪᠡᠷ ᠦ᠋ᠨ ᠠᠷᠠᠳ ᠢᠷᠭᠡᠳ ᠢ᠋ ᠡᠨᠡ ᠡᠭᠡᠷᠡᠮ᠎ᠡ ᠴᠦᠯ ᠦ᠋ᠨ ᠳᠤᠮᠳᠠᠭᠤᠷ ᠬᠡᠷᠬᠢᠨ ᠠᠪᠴᠤ ᠶᠠᠪᠤᠬᠤ᠂ ᠬᠠᠲᠤᠨ ᠡᠬᠡ ᠶ᠋ᠢ ᠬᠡᠷᠬᠢᠨ ᠠᠰᠠᠷᠠᠬᠤ ᠵᠡᠷᠭᠡ ᠶ᠋ᠢ ᠠᠵᠢᠭᠯᠠᠨ ᠬᠠᠷᠠᠬᠤ ᠪᠣᠳᠣᠯ ᠰᠤᠷᠬᠠᠭᠲᠠᠨᠢ ᠳ᠋ᠤ᠌ ᠲᠥᠷᠥᠵᠦ᠂ ᠡᠨᠡ ᠤᠷᠲᠤ ᠵᠠᠮ ᠳ᠋ᠤ᠌ ᠬᠦᠦ ᠪᠡᠨ ᠰᠣᠷᠢᠬᠤ ᠠᠩᠬᠠᠨ ᠤ᠋ ᠰᠣᠷᠢᠯᠲᠠ ᠭᠡᠳᠡᠭ ᠢ᠋ ᠮᠡᠳᠡᠵᠦ ᠪᠠᠢᠪᠠ᠃ ᠬᠤᠪᠢᠯᠠᠢ ᠡᠬᠡ ᠶ᠋ᠢ ᠪᠡᠨ ᠬᠡᠷᠬᠢᠨ ᠬᠠᠯᠠᠮᠵᠢᠯᠠᠵᠤ ᠪᠠᠢᠭ᠎ᠠ ᠠ᠋ᠴᠠ ᠲᠡᠭᠦᠨ ᠦ᠌ ᠨᠢᠩᠵᠢᠨ ᠰᠡᠳᠬᠢᠯ ᠢ᠋ ᠬᠠᠷᠠᠵᠤ ᠪᠣᠯᠤᠨ᠎ᠠ᠃ ᠬᠠᠷᠢᠨ ᠡᠯᠡᠰᠦᠨ ᠴᠦᠯ ᠢ᠋ ᠬᠡᠷᠬᠢᠨ ᠳᠠᠪᠠᠵᠤ᠂ ᠥᠪᠡᠷ ᠦ᠋ᠨ ᠠᠷᠠᠳ ᠢ᠋ ᠠᠪᠴᠤ ᠶᠠᠪᠤᠬᠤ ᠠ᠋ᠴᠠ ᠲᠡᠭᠦᠨ ᠦ᠌ ᠬᠣᠯᠠᠴᠢ ᠤᠬᠠᠭᠠᠨ ᠢ᠋ ᠬᠠᠷᠠᠵᠤ ᠪᠣᠯᠤᠨ᠎ᠠ᠃
    ᠡᠭᠡᠷᠡᠮ᠎ᠡ ᠲᠠᠯ᠎ᠠ᠂ ᠡᠯᠴᠢᠯ ᠦᠭᠡᠢ ᠦᠷᠭᠦᠯᠵᠢᠯᠡᠬᠦ ᠡᠯᠡᠰᠦᠨ ᠴᠦᠯ ᠦ᠋ᠨ ᠳᠤᠮᠳᠠ ᠬᠡᠰᠡᠭ ᠶᠠᠪᠤᠭᠠᠳ ᠠᠢᠯ ᠠᠮᠢᠲᠠᠨ ᠳᠠᠭᠠᠷᠠᠳᠠᠭ ᠰᠠᠨ᠃ ᠲᠡᠳᠡᠨ ᠲᠡᠢ ᠬᠥᠮᠦᠨ ᠮᠠᠯ ᠲᠠᠭᠠᠷᠠᠭᠰᠠᠨ ᠦᠭᠡᠢ ᠤᠳᠠᠯ᠎ᠠ᠃ ᠤᠳᠠᠲᠠᠯ᠎ᠠ ᠶᠠᠪᠤᠭᠰᠠᠨ ᠤ᠋ ᠡᠴᠦᠰ ᠲᠦ᠍ ᠲᠡᠷᠲᠡᠭᠡ ᠬᠣᠯᠠ ᠠ᠋ᠴᠠ ᠰᠦᠮᠡᠢᠨ ᠬᠠᠷᠠᠭᠳᠠᠬᠤ ᠨᠢᠭᠡᠨ ᠭᠡᠷ ᠢ᠋ ᠪᠠᠷᠤᠭᠴᠠᠭᠠᠯᠠᠨ ᠤᠮᠳᠠ ᠶ᠋ᠢᠨ ᠤᠰᠤ ᠪᠠᠨ ᠵᠠᠯᠭᠠᠬᠤ ᠪᠣᠯᠤᠮᠵᠢ ᠭᠠᠷᠴᠤ ᠣᠢᠷᠠᠲᠤᠨ ᠣᠴᠢᠪᠠᠯ ᠨᠡᠪᠰᠡᠢᠵᠦ ᠤᠷᠠᠭᠳᠠᠭᠰᠠᠨ ᠮᠠᠭᠤᠬᠠᠨ ᠢᠰᠡᠭᠡᠢ ᠭᠡᠷ ᠡᠴᠡ ᠡᠷᠡᠦ ᠡᠪᠦᠳᠦᠭ ᠨᠢ ᠨᠡᠢᠯᠡᠭᠰᠡᠨ ᠡᠮᠡᠭᠡᠨ ᠭᠠᠳᠠᠭᠠᠬᠢ ᠴᠢᠮᠡᠭᠡ ᠶ᠋ᠢ ᠰᠣᠨᠣᠰᠤᠨ ᠭᠠᠷᠴᠤ ᠢᠷᠡᠯ᠎ᠡ᠃ ᠡᠮᠡᠭᠡᠨ ᠭᠠᠷᠴᠤ ᠢᠷᠡᠩᠭᠦᠲᠡ ᠪᠡᠨ ᠶᠡᠬᠡᠰ ᠳᠡᠭᠡᠳᠦᠰ ᠶᠠᠪᠤᠵᠤ ᠪᠣᠢ ᠶ᠋ᠢ ᠮᠡᠳᠡᠨ ᠨᠡᠭᠦᠳᠡᠯ ᠢ᠋ ᠲᠣᠰᠣᠨ ᠢᠷᠡᠵᠦ ᠳᠡᠪᠡᠯ ᠦ᠋ᠨ ᠬᠣᠷᠮᠣᠢ ᠶ᠋ᠢ ᠭᠠᠵᠠᠷ ᠲᠤ᠌ ᠳᠡᠪᠢᠰᠦᠨ ᠰᠥᠬᠥᠷᠡᠨ ᠰᠠᠭᠤᠯ᠎ᠠ᠃ ᠨᠡᠭᠦᠳᠡᠯ ᠦ᠋ᠨ ᠡᠮᠦᠨᠡᠬᠢ ᠬᠡᠰᠢᠭᠲᠡᠨ ᠴᠡᠷᠢᠭ ᠡᠮᠡᠭᠡᠨ ᠦ᠌ ᠬᠠᠵᠠᠭᠤ ᠳ᠋ᠤ᠌ ᠣᠴᠢᠨ᠂
    — ᠶᠡᠬᠡᠰ ᠳᠡᠭᠡᠳᠦᠰ ᠵᠠᠯᠠᠷᠠᠵᠤ ᠪᠠᠢᠬᠤ ᠳ᠋ᠤ᠌ ᠨᠡᠪᠰᠡᠢᠵᠦ ᠨᠣᠣᠷᠠᠢᠴᠢᠬᠠᠭᠠᠳ ᠪᠠᠢᠵᠤ ᠪᠣᠢ ᠶ᠋ᠢ ᠨᠢ᠃ ᠨᠡᠭᠦᠳᠡᠯ ᠲᠣᠰᠣᠨ ᠤᠭᠲᠤᠳᠠᠭ ᠲᠠᠯ᠎ᠠ ᠨᠤᠲᠤᠭ ᠤ᠋ᠨ ᠵᠠᠩ ᠬᠠᠮᠢᠭ᠎ᠠ ᠣᠴᠢᠪᠠ᠂ ᠬᠤᠷᠳᠤᠨ ᠴᠡᠬᠡ ᠠᠪᠴᠤ ᠢᠷ᠎ᠡ ᠭᠡᠮᠡᠨ ᠵᠠᠩᠳᠤᠷᠤᠩᠭᠤᠢ  ᠳᠠᠭᠤ ᠪᠠᠷ ᠥᠭᠦᠯᠡᠬᠦ ᠳ᠋ᠦ᠍ ᠡᠮᠡᠭᠡᠨ ᠤᠤᠯᠭ᠎ᠠ ᠠᠯᠲᠠᠨ᠂
    —ᠠ᠋ ᠬᠥᠬᠡ ᠲᠡᠭᠷᠢ ᠮᠢᠨᠢ᠃ ᠪᠢ ᠭᠡᠵᠦ ᠬᠥᠭᠰᠢᠨ ᠤᠬᠠᠭᠠᠨ ᠢ᠋ᠶ᠋ᠠᠨ ᠪᠠᠷᠠᠵᠠᠢ᠂ ᠶᠡᠬᠡᠰ ᠳᠡᠭᠡᠳᠦᠰ ᠢ᠋ᠶ᠋ᠡᠨ ᠤᠮᠳᠠᠯᠠᠬᠤ ᠴᠡᠭᠡ ᠪᠡᠯᠡᠳᠬᠡᠶ᠎ᠡ᠃ ᠡᠮᠡᠭᠡᠨ ᠳᠣᠲᠣᠭᠰᠢ ᠣᠷᠣᠵᠤ ᠳᠣᠮᠪᠣ ᠲᠠᠢ ᠴᠡᠬᠡ ᠭᠠᠷᠭᠠᠨ ᠢᠷᠡᠯ᠎ᠡ᠃ ᠡᠮᠡᠭᠡᠨ ᠦ᠌ ᠬᠠᠵᠠᠭᠤ ᠳ᠋ᠤ᠌ ᠵᠠᠩᠳᠤᠷᠬᠤ ᠬᠥᠮᠦᠨ ᠢ᠋ ᠬᠤᠪᠢᠯᠠᠢ ᠭᠠᠷ ᠢ᠋ᠶ᠋ᠠᠷ ᠢ᠋ᠶ᠋ᠠᠨ ᠳᠣᠬᠢᠨ ᠳᠠᠭᠤ ᠦᠭᠡᠢ ᠪᠣᠯᠭᠠᠭᠠᠳ᠂
    — ᠡᠨᠡ ᠮᠡᠲᠦ ᠶᠠᠳᠠᠷᠠᠭᠰᠠᠨ ᠬᠥᠮᠦᠨ ᠢ᠋ ᠲᠡᠭᠡᠷᠡᠯᠭᠡᠨ ᠶᠠᠪᠤᠬᠤ ᠨᠢ ᠢᠳᠡ ᠴᠢᠳᠠᠯ ᠲᠠᠢ ᠶ᠋ᠢᠨ ᠢᠯᠡᠷᠡᠯ ᠪᠢᠰᠢ᠂ ᠡᠯᠪᠡᠷᠢᠯ ᠨᠢᠭᠦᠯᠡᠰᠦᠯ ᠢ᠋ᠶ᠋ᠡᠨ ᠬᠠᠢᠷᠠᠯᠠᠬᠤ ᠨᠢ ᠲᠡᠭᠦᠨ ᠦ᠌ ᠢᠯᠡᠷᠡᠯ ᠶᠤᠮ᠃ ᠡᠨᠡ ᠡᠮᠡᠭᠡᠨ ᠳ᠋ᠦ᠍ ᠥᠭᠯᠢᠭᠡ ᠥᠭ ᠭᠡᠵᠦ ᠬᠡᠯᠡᠬᠦ ᠳ᠋ᠦ᠍ ᠳᠠᠭᠠᠯᠳᠤᠨ ᠶᠠᠪᠤᠭᠰᠠᠳ ᠡᠮᠡᠭᠡᠨ ᠳ᠋ᠦ᠍ ᠥᠭᠯᠢᠭᠡ ᠬᠡᠰᠢᠭ ᠬᠦᠷᠲᠡᠭᠡᠯ᠎ᠡ᠃ ᠬᠤᠪᠢᠯᠠᠢ ᠨᠡᠭᠦᠳᠡᠯ ᠦ᠋ᠨ ᠴᠤᠪᠤᠭ᠎ᠠ ᠶ᠋ᠢ ᠤᠮᠳᠠᠯᠠᠵᠤ ᠪᠠᠢᠬᠤ ᠵᠠᠭᠤᠷ᠎ᠠ ᠡᠮᠡᠭᠡᠨ ᠡᠴᠡ᠄
    — ᠡᠨᠡ ᠬᠠᠪᠢ ᠶ᠋ᠢᠨ ᠠᠢᠯ ᠤ᠋ᠳ ᠢᠯᠡᠳᠲᠡ ᠴᠥᠭᠡᠷᠡᠭᠰᠡᠨ ᠬᠠᠷᠠᠭᠳᠠᠨ᠎ᠠ᠂ ᠭᠠᠩ ᠲᠠᠢ ᠵᠤᠨ ᠮᠠᠯ ᠬᠤᠢ ᠪᠠᠨ ᠳ᠋ᠠᠭᠠᠨ ᠡᠪᠡᠰᠦ ᠪᠡᠯᠴᠢᠭᠡᠷ ᠬᠠᠢᠬᠤ ᠪᠠᠷ ᠶᠠᠪᠤᠭ᠎ᠠ ‍ᠤᠤ ᠭᠡᠵᠦ ᠠᠰᠠᠭᠤᠪᠠ᠃
    —ᠶᠡᠬᠡᠰ ᠳᠡᠭᠡᠳᠦᠰ ᠮᠢᠨᠢ ᠥᠷᠥᠰᠢᠶᠡᠨ ᠪᠣᠯᠭᠣᠭ᠎ᠠ᠃ ᠡᠵᠡᠨᠲᠦ ᠤᠯᠤᠰ ᠤ᠋ᠨ ᠰᠦᠷ ᠬᠦᠴᠦ ᠳᠡᠭᠡᠭᠰᠢᠯᠡᠨ ᠮᠠᠨᠳᠤᠬᠤ ᠲᠣᠰᠤᠮ᠂ ᠡᠭᠡᠯ ᠠᠷᠠᠳ ᠲᠦᠮᠡᠨ ᠦ᠌ ᠠᠮᠢᠳᠤᠷᠠᠯ ᠲᠤᠢᠯᠳᠠᠵᠤ ᠪᠠᠢᠨ᠎ᠠ᠂ ᠡᠨᠡ ᠬᠠᠪᠢ ᠶ᠋ᠢᠨ ᠠᠢᠯ ᠤ᠋ᠳ ᠠ᠋ᠴᠠ᠂ ᠠᠪᠳᠠᠭ ᠮᠠᠯ ᠤ᠋ᠨ ᠲᠠᠲᠠᠪᠤᠷᠢ ᠡᠷᠡᠰ ᠨᠡᠮᠡᠭᠳᠡᠵᠦ᠂ ᠲᠠᠲᠠᠪᠤᠷᠢ ᠲᠥᠯᠥᠵᠦ ᠴᠢᠳᠠᠬᠤ ᠦᠭᠡᠢ ᠪᠣᠯᠤᠭᠰᠠᠨ ᠮᠠᠯᠴᠢᠳ ᠥᠭᠡᠷ᠎ᠡ ᠨᠤᠲᠤᠭ ᠣᠷᠣᠨ ᠳ᠋ᠤ᠌ ᠨᠡᠭᠦᠨ ᠣᠲᠣᠭᠰᠠᠭᠠᠷ᠂ ᠠᠢᠯ ᠠᠮᠢᠲᠠᠨ ᠴᠥᠭᠡᠷᠡᠭᠡᠳ ᠪᠢ ᠭᠡᠵᠦ ᠬᠥᠭᠰᠢᠨ ᠪᠠᠭᠤᠷᠠᠢ ᠰᠠᠬᠢᠵᠤ ᠦᠯᠡᠳᠡᠬᠦ ᠳ᠋ᠦ᠍ ᠬᠦᠷᠦᠭᠡᠳ ᠪᠠᠢᠨ᠎ᠠ ᠭᠡᠯ᠎ᠡ᠃
    — ᠬᠠᠭᠠᠨᠲᠤ ᠲᠥᠷᠥ ᠶ᠋ᠢᠨ ᠲᠠᠲᠠᠪᠤᠷᠢ ᠶ᠋ᠢᠨ ᠪᠣᠳᠣᠯᠭ᠎ᠠ ᠡᠩ ᠦ᠋ᠨ ᠠᠷᠠᠳ ᠢ᠋ ᠳᠡᠮᠵᠢᠬᠦ ᠳ᠋ᠦ᠍ ᠴᠢᠭᠯᠡᠳᠡᠭ᠂ ᠲᠡᠢᠮᠦ ᠪᠠᠢᠬᠤ ᠤᠴᠢᠷ ᠦᠭᠡᠢ ᠳᠡ ᠭᠡᠬᠦ ᠳ᠋ᠦ᠍
    —ᠬᠠᠭᠠᠨ ᠤ᠋ ᠵᠠᠷᠯᠢᠭ ᠢ᠋ᠶ᠋ᠠᠷ ᠶᠠᠪᠤᠵᠤ ᠪᠠᠢᠨ᠎ᠠ ᠭᠡᠳ ᠣᠯᠠᠨ ᠤᠯᠤᠰ ᠡᠭᠡᠯᠵᠢ ᠳᠠᠷᠠᠭ᠎ᠠ ᠪᠠᠷ ᠢᠷᠡᠵᠦ᠂ ᠠᠯᠪᠠ ᠭᠤᠪᠴᠢᠭᠤᠷ ᠨᠡᠬᠡᠵᠦ᠂ ᠥᠨᠥᠴᠢᠨ ᠢᠰᠢᠭᠡ ᠴᠤ᠌ ᠳᠤᠲᠠᠭᠠᠬᠤ ᠦᠭᠡᠢ ᠡᠷᠭᠦᠯ ᠪᠠᠷᠢᠴᠠ ᠳ᠋ᠤ᠌ ᠠᠪᠳᠠᠭ ᠪᠣᠯᠤᠯ᠎ᠠ ᠭᠡᠮᠡᠨ ᠬᠡᠯᠡᠯ᠎ᠡ᠃
    ᠡᠨᠡ ᠶᠠᠷᠢᠶ᠎ᠠ ᠶ᠋ᠢ ᠬᠤᠪᠢᠯᠠᠢ ᠬᠠᠲᠤᠨ ᠡᠬᠡ ᠶ᠋ᠢᠨ ᠬᠠᠮᠲᠤ ᠠᠩᠬ᠎ᠠ ᠤᠳᠠᠭ᠎ᠠ ᠰᠣᠨᠣᠰᠪᠠ᠃ ᠡᠵᠡᠯᠡᠭᠳᠡᠭᠰᠡᠨ ᠬᠣᠲᠠ ᠨᠤᠭᠤᠳ ᠠ᠋ᠴᠠ ᠠᠪᠳᠠᠭ ᠲᠠᠲᠠᠪᠤᠷᠢ ᠶ᠋ᠢᠨ ᠬᠡᠮᠵᠢᠶ᠎ᠡ ᠶ᠋ᠢ ᠬᠡᠪ ᠢ᠋ᠶ᠋ᠡᠷ ᠨᠢ ᠦᠯᠡᠳᠡᠭᠡᠵᠦ᠂ ᠡᠩ ᠦ᠋ᠨ ᠠᠷᠠᠳ ᠠ᠋ᠴᠠ ᠠᠪᠳᠠᠭ ᠲᠠᠲᠠᠪᠤᠷᠢ ᠶ᠋ᠢ ᠢᠯᠡᠳᠲᠡ ᠬᠥᠩᠭᠡᠯᠡᠭᠰᠡᠨ ᠠᠲᠠᠯ᠎ᠠ ᠠᠢᠯ ᠤ᠋ᠳ ᠡᠢᠨ ᠨᠤᠲᠤᠭ ᠤᠰᠤ ᠪᠠᠨ ᠣᠷᠬᠢᠨ ᠨᠡᠭᠦᠬᠦ ᠪᠣᠯᠤᠭᠰᠠᠨ ᠨᠢ ᠲᠡᠳᠡᠨ ᠦ᠌ ᠭᠠᠢᠬᠠᠯ ᠢ᠋ ᠲᠥᠷᠥᠭᠦᠯᠦᠯ᠎ᠡ᠃ᠬᠠᠷᠢᠨ ᠡᠨᠡ ᠵᠠᠭᠤᠷ᠎ᠠ ᠲᠡᠷᠡ ᠬᠣᠶᠠᠷ ᠲᠠᠯ᠎ᠠ ᠨᠤᠲᠤᠭ ᠲᠤ᠌ ᠪᠠᠢᠬᠤ ᠳ᠋ᠠᠭᠠᠨ ᠰᠣᠨᠣᠰᠤᠭ᠎ᠠ ᠦᠭᠡᠢ ᠵᠦᠢᠯ ᠢ᠋ᠶ᠋ᠡᠨ ᠳᠠᠭᠠᠯᠳᠤᠨ ᠶᠠᠪᠤᠭᠰᠠᠨ ᠴᠡᠷᠢᠭ ᠦ᠋ᠨ ᠬᠥᠮᠦᠨ ᠡᠴᠡ ᠰᠣᠨᠣᠰᠤᠭᠰᠠᠨ ᠶᠤᠮ᠃ ᠲᠡᠷᠡ ᠬᠥᠮᠦᠨ  ᠬᠠᠲᠤᠨ ᠤ᠋ ᠬᠠᠵᠠᠭᠤ ᠠ᠋ᠴᠠ᠂
    —ᠮᠡᠬᠦᠰ ᠨᠠᠮᠠᠶ᠋ᠢ ᠥᠷᠥᠰᠢᠶᠡ ᠬᠡᠮᠡᠭᠡᠳ ᠥᠭᠡᠳᠡᠢ ᠬᠠᠭᠠᠨ ᠤ᠋ ᠬᠠᠲᠤᠨ ᠲᠤᠰᠢᠶᠠᠯ ᠪᠠᠭᠤᠯᠭᠠᠵᠤ᠂ ᠡᠵᠡᠯᠡᠭᠳᠡᠭᠰᠡᠨ ᠬᠣᠲᠠ ᠨᠤᠭᠤᠳ ᠠ᠋ᠴᠠ ᠠᠪᠬᠤ ᠲᠠᠲᠠᠪᠤᠷᠢ ᠶ᠋ᠢ ᠬᠠᠷᠢᠭᠤᠴᠠᠨ ᠠᠵᠢᠯᠯᠠᠬᠤ ᠶ᠋ᠢ ᠬᠤᠳᠠᠯᠳᠤᠭᠠᠴᠢᠨ ᠠᠪᠲᠤᠯ ᠷᠠᠬᠠᠮᠠᠨ ᠳ᠋ᠤ᠌ ᠳᠠᠭᠠᠭᠠᠯᠭᠠᠭᠰᠠᠨ ᠤ᠋ ᠳᠠᠷᠠᠭ᠎ᠠ ᠠᠪᠲᠤᠯ ᠷᠠᠬᠠᠮᠠᠨ ᠵᠥᠪᠬᠡᠨ ᠡᠵᠡᠯᠡᠭᠳᠡᠭᠰᠡᠨ ᠬᠣᠲᠠ ᠨᠤᠭᠤᠳ ᠠ᠋ᠴᠠ ᠲᠠᠲᠠᠪᠤᠷᠢ ᠠᠪᠤᠭᠠᠳ ᠵᠣᠭᠰᠣᠬᠤ ᠦᠭᠡᠢ᠂ ᠡᠩ ᠦ᠋ᠨ ᠠᠷᠠᠳ ᠣᠯᠠᠨ ᠠ᠋ᠴᠠ ᠠᠪᠬᠤ ᠲᠠᠲᠠᠪᠤᠷᠢ ᠶ᠋ᠢᠨ ᠬᠡᠮᠵᠢᠶ᠎ᠡ ᠶ᠋ᠢ ᠨᠡᠮᠡᠭᠳᠡᠭᠦᠯᠦᠭᠰᠡᠨ ᠭᠡᠰᠡᠨ ᠶᠠᠷᠢᠶ᠎ᠠ ᠶ᠋ᠢ ᠰᠣᠨᠣᠰᠤᠭᠰᠠᠨ ᠪᠢᠯᠡ ᠭᠡᠵᠦ ᠬᠡᠯᠡᠯ᠎ᠡ᠃    
     ᠰᠤᠷᠬᠠᠭᠲᠠᠨᠢ ᠡᠨᠡ ᠶᠠᠷᠢᠶ᠎ᠠ ᠶ᠋ᠢ ᠰᠣᠨᠣᠰᠤᠭᠠᠳ ᠲᠡᠷᠡ ᠨᠢᠭᠡᠨ ᠥᠪᠡᠷ ᠲᠡᠢ ᠨᠢ ᠬᠠᠷᠠᠬᠣᠷᠣᠮ ᠳ᠋ᠤ᠌ ᠪᠠᠢᠬᠤ ᠳ᠋ᠤ᠌ ᠢᠷᠡᠵᠦ ᠠᠭᠤᠯᠵᠠᠵᠤ ᠪᠠᠢᠭᠰᠠᠨ ᠬᠡᠷᠦᠮᠡᠯ ᠬᠤᠳᠠᠯᠳᠤᠭᠠᠴᠢᠨ ᠠᠪᠲᠤᠯ ᠷᠠᠬᠠᠮᠠᠨ ᠤ᠋ ᠴᠢᠷᠠᠢ ᠶ᠋ᠢ ᠰᠠᠨᠠᠯ᠎ᠠ᠃ ᠬᠠᠷᠠᠪᠠᠰᠤ ᠵᠠᠯᠢᠵᠢᠨ ᠡᠨᠡ ᠬᠥᠮᠦᠨ ᠳᠦᠷᠭᠡᠨ᠎ᠡ ᠬᠠᠲᠤᠨ ᠤ᠋ ᠢᠲᠡᠭᠡᠯ ᠢ᠋ ᠠᠪᠴᠤ᠂ ᠡᠷᠬᠡᠨ ᠳ᠋ᠡᠭᠡᠨ ᠣᠷᠣᠭᠤᠯᠤᠭᠠᠳ ᠢᠩᠭᠢᠵᠦ ᠳᠤᠷ᠎ᠠ ᠪᠠᠷ ᠢ᠋ᠶ᠋ᠠᠨ ᠠᠭᠠᠰᠢᠯᠠᠵᠤ ᠪᠠᠢᠭ᠎ᠠ ᠪᠢᠵᠡ᠃《ᠶᠠᠮᠠᠷ ᠲᠠᠢ ᠴᠤ᠌ ᠾᠧᠪᠧᠢ ᠮᠣᠵᠢ ᠶ᠋ᠢᠨ ᠡᠵᠡᠯᠡᠭᠳᠡᠭᠰᠡᠨ ᠭᠠᠵᠠᠷ ᠣᠷᠣᠨ ᠢ᠋ ᠲᠥᠪᠬᠢᠨᠡᠭᠦᠯᠵᠦ ᠬᠦᠦ ᠪᠡᠨ ᠦᠯᠡᠳᠡᠭᠡᠭᠡᠳ᠂ ᠦᠳᠲᠡᠷ ᠪᠤᠴᠠᠬᠤ ᠬᠡᠷᠡᠭ ᠲᠡᠢ ᠶᠤᠮ ᠪᠠᠢᠨ᠎ᠠ》 ᠭᠡᠰᠡᠨ ᠪᠣᠳᠣᠯ ᠲᠥᠷᠥᠪᠡ᠃
    ᠨᠡᠭᠦᠳᠡᠯ ᠴᠠᠭᠠᠰᠢᠯᠠᠬᠤ ᠲᠣᠰᠤᠮ ᠲᠡᠢᠨ ᠳᠠᠵᠢᠨ ᠤ᠋ ᠬᠥᠯ ᠳ᠋ᠦ᠍ ᠰᠦᠢᠷᠡᠭᠰᠡᠨ ᠬᠣᠲᠠ ᠨᠤᠭᠤᠳ᠂ ᠣᠷᠣᠨ ᠭᠡᠷ ᠦᠭᠡᠢ ᠪᠣᠯᠤᠭᠰᠠᠨ ᠬᠥᠮᠦᠰ ᠳᠠᠭᠠᠷᠢᠯᠳᠤᠨ᠎ᠠ᠃ ᠬᠤᠪᠢᠯᠠᠢ ᠬᠦᠦ ᠨᠢ ᠵᠠᠮ ᠳ᠋ᠤ᠌ ᠳᠠᠭᠠᠷᠢᠭᠰᠠᠨ ᠬᠥᠮᠦᠰ ᠲᠡᠢ ᠠᠭᠤᠯᠵᠠᠨ ᠶᠠᠮᠠᠷ ᠨᠢᠭᠡᠨ ᠵᠦᠢᠯ ᠢ᠋ ᠬᠡᠯᠡᠵᠦ ᠶᠠᠪᠤᠭᠤᠯᠤᠭᠠᠳ ᠪᠠᠢᠭ᠎ᠠ ᠶ᠋ᠢ ᠡᠬᠡ ᠨᠢ ᠠᠩᠵᠠᠭᠠᠷᠠᠯ᠎ᠠ᠃ ᠵᠠᠮ ᠤ᠋ᠨ ᠲᠤᠷᠰᠢ ᠳᠠᠭᠠᠷᠢᠯᠳᠤᠭᠰᠠᠨ ᠬᠥᠮᠦᠨ ᠪᠦᠬᠦᠨ ᠳ᠋ᠦ᠍ ᠲᠡᠷᠡ ᠦᠭᠡ ᠲᠡᠢᠨ ᠶᠠᠪᠤᠭᠰᠠᠭᠠᠷ ᠬᠡᠳᠦᠨ ᠬᠣᠨᠣᠭ ᠤ᠋ᠨ ᠤᠷᠲᠤ ᠵᠠᠮ ᠢ᠋ ᠲᠤᠭᠤᠯᠵᠤ ᠥᠭᠡᠳᠡᠢ ᠬᠠᠭᠠᠨ ᠠ᠋ᠴᠠ ᠶᠣᠰᠣᠯᠠᠭᠰᠠᠨ ᠾᠧᠪᠧᠢ ᠮᠣᠵᠢ ᠳ᠋ᠤ᠌ ᠣᠴᠢᠪᠠ᠃ ᠤᠭ ᠠ᠋ᠴᠠ ᠭᠠᠵᠠᠷ ᠲᠠᠷᠢᠶᠠᠯᠠᠩ ᠤ᠋ᠨ ᠣᠷᠣᠨ ᠪᠠᠢᠭᠰᠠᠨ ᠡᠨᠡ ᠭᠠᠵᠠᠷ ᠣᠳᠣ ᠲᠠᠷᠢᠶ᠎ᠠ ᠨᠣᠭᠣᠭ᠎ᠠ ᠲᠠᠷᠢᠬᠤ ᠪᠠᠨ ᠪᠣᠯᠢᠵᠤ᠂ ᠬᠥᠮᠦᠨ ᠠᠷᠠᠳ ᠨᠢ ᠳᠦᠷᠪᠡᠵᠦ᠂ ᠠᠯᠪᠠ ᠲᠠᠲᠠᠪᠤᠷᠢ ᠨᠡᠮᠡᠭᠳᠡᠭᠰᠡᠨ ᠵᠡᠷᠭᠡ ᠨᠢᠳᠦ ᠳᠠᠯᠳᠢᠷᠠᠮ᠎ᠠ ᠳᠦᠷᠢ ᠵᠢᠷᠤᠭ ᠬᠠᠷᠠᠭᠳᠠᠨ᠎ᠠ᠃ ᠬᠠᠮᠢᠭ᠎ᠠ ᠨᠢᠭᠡ ᠭᠠᠵᠠᠷ ᠠ᠋ᠴᠠ ᠳᠡᠭᠡᠭᠰᠢ ᠠᠯᠲᠠ ᠬᠦᠷᠬᠦ ᠲᠡᠢ ᠦᠭᠡᠢ ᠲᠡᠢ ᠨᠠᠪᠲᠠᠭᠠᠷ ᠰᠢᠪᠡᠷ ᠳᠠᠭᠵᠠ ᠨᠤᠭᠤᠳ ᠦᠯᠡᠳᠡᠵᠡᠢ᠃ ᠳᠡᠭᠡᠪᠦᠷ ᠳᠡᠭᠡᠷ᠎ᠡ ᠨᠢ ᠵᠡᠷᠯᠢᠭ ᠤᠷᠭᠤᠮᠠᠯ ᠤᠷᠭᠤᠨ᠂ ᠯᠤᠤᠯᠢ ᠰᠢᠷᠠᠯᠵᠢᠨ ᠤ᠋ ᠠᠷᠵᠠᠭᠠᠷ ᠰᠡᠷᠵᠢᠭᠡᠷ ᠡᠰᠢ ᠰᠠᠭᠰᠠᠢᠨ ᠦᠵᠡᠭᠳᠡᠨ᠎ᠡ᠃ ᠲᠡᠢᠨ ᠦ᠌ ᠬᠠᠵᠠᠭᠤ ᠪᠠᠷ ᠳᠠᠵᠢᠨ ᠭᠡᠳᠡᠭ ᠦᠭᠡ ᠦᠨᠡᠨ ᠪᠠᠢᠵᠠᠢ᠃ ᠨᠢᠭᠡᠨᠲᠡ ᠡᠵᠡᠯᠡᠨ ᠠᠪᠤᠭᠰᠠᠨ ᠪᠣᠯ ᠥᠪᠡᠷ ᠦ᠋ᠨ ᠲᠥᠯᠥᠭᠡᠨ ᠦ᠌ ᠬᠥᠮᠦᠨ ᠢ᠋ ᠲᠣᠮᠢᠯᠠᠨ ᠦᠯᠡᠳᠡᠭᠡᠵᠦ ᠴᠠᠭᠠᠰᠢ ᠬᠥᠳᠡᠯᠬᠦ ᠮᠣᠩᠭᠣᠯ ᠴᠡᠷᠢᠭ ᠦ᠋ᠨ ᠠᠷᠤ ᠬᠤᠳᠠᠷᠭ᠎ᠠ ᠪᠠᠷ ᠨᠡᠷ᠎ᠡ ᠰᠦᠷ ᠢ᠋ ᠪᠠᠷᠢᠵᠤ ᠡᠩ ᠦ᠋ᠨ ᠠᠷᠠᠳ ᠢᠷᠭᠡᠳ ᠡᠴᠡ ᠠᠯᠪᠠ ᠲᠠᠲᠠᠪᠤᠷᠢ ᠠᠪᠬᠤ᠂ ᠲᠤᠨᠤᠨ ᠳᠡᠭᠡᠷᠡᠮᠳᠡᠬᠦ ᠦᠵᠡᠭᠳᠡᠯ ᠭᠠᠷᠳᠠᠭ ᠨᠢ ᠡᠨᠡ᠃
    ᠥᠷᠥᠰᠢᠶᠡᠯᠲᠦ ᠪᠣᠳᠣᠯᠭ᠎ᠠ ᠶᠠᠪᠤᠭᠤᠯᠳᠠᠭ ᠥᠭᠡᠳᠡᠢ ᠬᠠᠭᠠᠨ ᠴᠤ᠌ ᠡᠴᠢᠭᠡ ᠬᠠᠭᠠᠨ ᠤ᠋ ᠪᠠᠨ ᠠᠳᠠᠯᠢ ᠢᠲᠡᠭᠡᠯ ᠡᠪᠳᠡᠭᠡ ᠦᠭᠡᠢ ᠬᠡᠨ ᠢ᠋ ᠴᠦ᠍ ᠤᠤᠯᠭᠠᠯᠠᠨ ᠳᠠᠭᠠᠷᠢᠭ᠎ᠠ ᠦᠭᠡᠢ ᠶᠤᠮ᠃ ᠡᠵᠡᠨ ᠨᠣᠶᠠᠳ᠂ ᠡᠵᠡᠷᠬᠡᠭ ᠬᠠᠭᠠᠳ ᠤ᠋ᠨ ᠡᠨᠡ ᠮᠡᠲᠦ ᠦᠯᠦ ᠣᠢᠯᠠᠭᠠᠯᠴᠠᠯ ᠳ᠋ᠤ᠌ ᠥᠷᠲᠥᠨ ᠰᠢᠨᠠᠯᠵᠤ ᠪᠠᠢᠳᠠᠭ ᠡᠩ ᠦ᠋ᠨ ᠠᠷᠠᠳ ᠢ᠋ ᠶᠠᠭᠠᠬᠢᠯᠲᠠᠢ ᠪᠢᠯᠡ᠃ ᠥᠭᠡᠳᠡᠢ ᠬᠠᠭᠠᠨ ᠠ᠋ᠴᠠ ᠾᠧᠪᠧᠢ ᠮᠣᠵᠢ ᠶ᠋ᠢᠨ ᠬᠡᠷᠡᠭ ᠢ᠋ ᠲᠦᠷ ᠬᠠᠮᠢᠶᠠᠷᠤᠭᠤᠯᠬᠤ ᠪᠠᠷ ᠦᠯᠡᠳᠡᠭᠡᠭᠰᠡᠨ ᠰᠦᠯᠳᠡᠰ ᠨᠡᠷ᠎ᠡ ᠲᠡᠢ ᠴᠡᠷᠢᠭ ᠦ᠋ᠨ ᠵᠠᠩᠵᠤᠨ᠂ ᠬᠠᠲᠤᠨ ᠢ᠋ ᠬᠦᠦ ᠬᠤᠪᠢᠯᠠᠢ ᠶ᠋ᠢᠨ ᠬᠠᠮᠲᠤ ᠪᠠᠷ ᠲᠣᠰᠣᠨ ᠤᠭᠲᠤᠪᠠ᠃ ᠰᠥᠯᠳᠡᠰ ᠪᠣᠯ ᠮᠣᠷᠢᠨ ᠤ᠋ ᠨᠢᠷᠤᠭᠤᠨ ᠳᠡᠭᠡᠷ᠎ᠡ ᠮᠣᠷᠳᠠᠨ ᠭᠠᠷ ᠲᠠᠭᠠᠨ ᠰᠡᠯᠡᠮ᠎ᠡ ᠪᠠᠷᠢᠭᠰᠠᠨ ᠴᠠᠭ ᠲᠠᠭᠠᠨ ᠭᠠᠷᠮᠠᠭᠠᠢ ᠵᠠᠩᠵᠤᠨ᠂ ᠬᠠᠷᠢᠨ ᠮᠣᠷᠢᠨ ᠠ᠋ᠴᠠ ᠪᠠᠨ ᠪᠠᠭᠤᠭᠰᠠᠨ ᠴᠠᠭ ᠲᠤ᠌ ᠬᠠᠮᠢᠭ᠎ᠠ ᠣᠴᠢᠬᠤ ᠪᠠᠨ ᠮᠡᠳᠡᠬᠦ ᠦᠭᠡᠢ ᠬᠡᠦᠬᠡᠳ ᠮᠡᠲᠦ ᠪᠠᠢᠭᠰᠠᠨ ᠨᠢ ᠲᠤᠢᠯᠳᠠᠵᠤ ᠶᠠᠳᠠᠷᠠᠭᠰᠠᠨ ᠠᠷᠠᠳ ᠣᠯᠠᠨ ᠤ᠋ ᠬᠢᠨᠢ ᠨᠢᠳᠦᠨ ᠡᠴᠡ ᠬᠠᠷᠠᠭᠳᠠᠵᠤ ᠪᠠᠢᠯ᠎ᠠ᠃ ᠦᠨᠡᠨ ᠳ᠋ᠡᠭᠡᠨ ᠪᠠᠰᠠ ᠯᠠ ᠠᠳᠬᠠᠭ ᠰᠠᠨᠠᠭᠠᠲᠠᠨ ᠨᠤᠭᠤᠳ ᠰᠦᠯᠳᠡᠰ ᠦ᠋ᠨ ᠨᠡᠷ᠎ᠡ ᠶ᠋ᠢ ᠪᠠᠷᠢᠵᠤ ᠠᠯᠪᠠ ᠲᠠᠲᠠᠪᠤᠷᠢ ᠨᠡᠮᠡᠭᠳᠡᠭᠦᠯᠵᠦ ᠠᠰᠢᠭ ᠬᠣᠨᠵᠢᠶ᠎ᠠ ᠬᠠᠢᠭᠰᠠᠭᠠᠷ ᠶᠠᠪᠤᠭᠰᠠᠨ ᠬᠡᠷᠡᠭ ᠪᠠᠢᠪᠠ᠃ ᠢᠷᠡᠭᠰᠡᠨ ᠭᠠᠵᠠᠷ ᠤ᠋ᠨ ᠢ᠋ᠶ᠋ᠠᠨ ᠠᠷᠠᠳ ᠲᠦᠮᠡᠨ᠂ ᠲᠡᠳᠡᠨ ᠦ᠌ ᠠᠮᠢᠳᠤᠷᠠᠯ ᠤ᠋ᠨ ᠬᠡᠪ ᠮᠠᠶᠢᠭ᠂ ᠣᠨᠴᠠᠯᠢᠭ ᠵᠡᠷᠭᠡ ᠶ᠋ᠢ ᠰᠤᠳᠤᠯᠬᠤ ᠱᠠᠭᠠᠷᠳᠠᠯᠭ᠎ᠠ ᠬᠤᠪᠢᠯᠠᠢ ᠳ᠋ᠤ᠌ ᠪᠣᠢ ᠶ᠋ᠢ ᠡᠬᠡ ᠨᠢ ᠠᠩᠵᠠᠭᠠᠷᠠᠪᠠ᠃ ᠰᠤᠷᠬᠠᠭᠲᠠᠨᠢ ᠬᠠᠲᠤᠨ ᠬᠦᠦ ᠬᠤᠪᠢᠯᠠᠢ ᠶ᠋ᠢᠨ ᠬᠠᠮᠲᠤ
       — ᠲᠠᠯ᠎ᠠ ᠨᠤᠲᠤᠭ ᠲᠤ ᠠᠮᠢ ᠠᠮᠢᠳᠤᠷᠠᠯ ᠤ᠋ᠨ ᠡᠬᠢ ᠪᠤᠯᠠᠭ ᠮᠠᠯ ᠮᠠᠯᠯᠠᠬᠤ ᠳ᠋ᠤ᠌ ᠣᠷᠣᠰᠢᠳᠠᠭ᠃ ᠡᠨᠡ ᠭᠠᠵᠠᠷ ᠲᠤ ᠴᠣᠬᠣᠮ ᠶᠠᠭᠤ ᠪᠠᠢᠳᠠᠭ ᠪᠣᠢ? ᠭᠡᠮᠡᠨ ᠰᠤᠷᠬᠠᠭᠲᠠᠨᠢ ᠶ᠋ᠢ ᠠᠰᠠᠭᠤᠬᠤ ᠳ᠋ᠤ᠌ ᠰᠦᠯᠳᠡᠰ᠂
    — ᠡᠨᠳᠡ ᠪᠣᠯ ᠭᠠᠵᠠᠷ ᠲᠠᠷᠢᠶᠠᠯᠠᠩ ᠪᠠᠢᠳᠠᠭ᠂ ᠬᠠᠲᠤᠨᠲᠠᠨ ᠮᠢᠨᠢ ᠭᠡᠪᠡ᠃
       — ᠲᠡᠭᠡᠪᠡᠯ ᠪᠢᠳᠡᠨ ᠦ᠌ ᠵᠠᠮ ᠳ᠋ᠤ᠌ ᠲᠠᠭᠠᠷᠠᠭᠰᠠᠨ ᠠᠰᠤᠷᠤ ᠠᠭᠤᠳᠠᠮ ᠭᠠᠵᠠᠷ ᠲᠠᠷᠢᠶᠠᠯᠠᠩ ᠤ᠋ᠨ ᠨᠤᠲᠤᠭ ᠵᠡᠷᠯᠢᠭ ᠡᠪᠡᠰᠦᠨ ᠳ᠋ᠦ᠍ ᠢᠳᠡᠭᠳᠡᠨ ᠪᠠᠢᠭ᠎ᠠ ᠶ᠋ᠢᠨ ᠤᠴᠢᠷ ᠶᠠᠭᠤ ᠪᠣᠢ?
       — ᠬᠠᠭᠠᠨ ᠠ᠋ᠴᠠ ᠣᠯᠭᠣᠭᠰᠠᠨ ᠠᠯᠪᠠ ᠲᠠᠲᠠᠪᠤᠷᠢ ᠶ᠋ᠢᠨ ᠬᠡᠮᠵᠢᠶ᠎ᠡ ᠠᠷᠠᠳ ᠢᠷᠭᠡᠳ ᠦ᠋ᠨ ᠨᠢᠷᠤᠭᠤᠨ ᠳᠡᠭᠡᠷ᠎ᠡ ᠬᠦᠨᠳᠦᠬᠡᠨ ᠠᠴᠢᠶ᠎ᠠ ᠪᠣᠯᠤᠨ ᠪᠠᠭᠤᠭᠰᠠᠨ ᠠ᠋ᠴᠠ ᠬᠣᠢᠰᠢ ᠶᠡᠬᠡᠩᠬᠢ ᠲᠠᠷᠢᠶᠠᠴᠢᠳ᠂ ᠲᠠᠷᠢᠶ᠎ᠠ ᠨᠣᠭᠣᠭ᠎ᠠ ᠪᠠᠨ ᠲᠠᠷᠢᠵᠤ᠂ ᠤᠷᠭᠤᠴᠠ ᠬᠤᠷᠢᠶᠠᠭᠠᠳ ᠴᠤ᠌ ᠠᠮᠢ ᠵᠠᠯᠭᠠᠵᠤ ᠴᠢᠳᠠᠬᠤ ᠦᠭᠡᠢ ᠪᠣᠯᠤᠭᠠᠳ ᠡᠢᠨ ᠲᠠᠷᠢᠶᠠᠯᠠᠩ ᠤ᠋ᠨ ᠲᠠᠯᠠᠪᠠᠢ ᠬᠣᠭᠣᠰᠣᠷᠠᠭᠠᠳ ᠪᠠᠢᠨ᠎ᠠ ᠭᠡᠪᠡ᠃
ᠬᠤᠪᠢᠯᠠᠢ ᠰᠦᠯᠳᠡᠰ ᠲᠦ᠍ ᠬᠠᠨᠳᠤᠨ᠂
       — ᠬᠡᠳᠦᠢᠪᠡᠷ ᠬᠠᠭᠠᠨ ᠡᠵᠡᠨ ᠵᠠᠷᠯᠢᠭᠳᠠᠨ ᠲᠠᠲᠠᠪᠤᠷᠢ ᠶ᠋ᠢᠨ ᠬᠡᠮᠵᠢᠶ᠎ᠡ ᠶ᠋ᠢ ᠲᠣᠭᠲᠠᠭᠠᠭᠰᠠᠨ ᠴᠤ᠌  ᠰᠦᠯᠳᠡᠰ ᠴᠢ ᠥᠪᠡᠷ ᠦ᠋ᠨ ᠡᠷᠬᠡ ᠮᠠᠲᠠᠯ ᠢ᠋ ᠪᠤᠰᠤᠳ ᠲᠤ ᠠᠯᠳᠠᠵᠤ᠂ ᠨᠤᠲᠤᠭ ᠤ᠋ᠨ ᠣᠪᠰᠣᠭ᠎ᠠ ᠰᠠᠮᠪᠠ ᠲᠠᠢ ᠨᠢᠭᠡᠨ ᠤᠷᠳᠤᠭᠤᠷ ᠴᠢᠨᠢ ᠣᠷᠣᠵᠤ᠂ ᠬᠠᠭᠠᠨ ᠤ᠋ ᠲᠠᠲᠠᠪᠤᠷᠢ ᠳᠡᠭᠡᠷ᠎ᠡ ᠳᠠᠬᠢᠨ ᠲᠠᠲᠠᠪᠤᠷᠢ ᠨᠡᠮᠡᠨ᠂ ᠠᠮᠠᠨ ᠳ᠋ᠠᠭᠠᠨ ᠣᠷᠣᠭᠰᠠᠨ ᠲᠣᠭ᠎ᠠ ᠶ᠋ᠢ ᠬᠡᠯᠡᠵᠦ᠂ ᠳᠤᠷ᠎ᠠ ᠪᠠᠷ ᠠᠪᠤᠷᠢᠯᠠᠵᠤ ᠪᠠᠢᠭ᠎ᠠ ᠶ᠋ᠢ ᠮᠡᠳᠡᠭᠡ ᠦᠭᠡᠢ ᠬᠡᠷᠡᠭ ᠤᠤ? ᠭᠡᠪᠡ᠃  ᠰᠦᠯᠳᠡᠰ ᠬᠤᠪᠢᠯᠠᠢ ᠶ᠋ᠢᠨ ᠦᠭᠡ ᠶ᠋ᠢ ᠰᠣᠨᠣᠰᠤᠭᠠᠳ ᠭᠠᠢᠬᠠᠯ᠎ᠠ᠃ ᠳᠥᠩᠭᠡᠵᠦ ᠰᠠᠶᠢ ᠯᠠ ᠡᠨᠡ ᠭᠠᠵᠠᠷ ᠲᠤ ᠠᠮᠢ ᠠᠮᠢᠳᠤᠷᠠᠯ ᠤ᠋ᠨ ᠡᠬᠢ ᠪᠤᠯᠠᠭ ᠨᠢ ᠴᠣᠬᠣᠮ ᠶᠠᠭᠤ ᠪᠣᠢ ᠭᠡᠵᠦ ᠠᠰᠠᠭᠤᠵᠤ ᠪᠠᠢᠭᠰᠠᠨ ᠬᠥᠮᠦᠰ᠂ ᠥᠪᠡᠷᠰᠡᠳ ᠢ᠋ᠶ᠋ᠡᠨ ᠲᠡᠭᠦᠨ ᠢ᠋ ᠮᠡᠳᠡᠬᠦ ᠶ᠋ᠢᠨ ᠳᠡᠭᠡᠳᠦ ᠪᠡᠷ ᠮᠡᠳᠡᠵᠦ᠂ ᠲᠡᠷᠡ ᠴᠤ᠌ ᠪᠤᠤ ᠬᠡᠯᠡ ᠥᠪᠡᠷ ᠦ᠋ᠨ ᠬᠢᠨᠢ ᠨᠡᠷ᠎ᠡ ᠶ᠋ᠢ ᠪᠠᠷᠢᠨ ᠲᠠᠲᠠᠪᠤᠷᠢ ᠶ᠋ᠢᠨ ᠲᠣᠭ᠎ᠠ ᠶ᠋ᠢ ᠠᠮᠠᠨ ᠳ᠋ᠠᠭᠠᠨ ᠣᠷᠣᠲᠠᠯ᠎ᠠ ᠨᠡᠮᠡᠵᠦ ᠶᠠᠪᠤᠭ᠎ᠠ ᠰᠢᠨᠤᠬᠠᠢ ᠬᠥᠮᠦᠰ ᠦ᠋ᠨ ᠲᠤᠬᠠᠢ ᠬᠦᠷᠲᠡᠯ᠎ᠡ ᠮᠡᠳᠡᠵᠦ ᠪᠠᠢᠳᠠᠭ᠃《ᠶᠠᠭᠠᠬᠢᠵᠤ ᠡᠭᠦᠨ ᠢ᠋ ᠮᠡᠳᠡᠳᠡᠭ ᠪᠠᠢᠨ᠎ᠠ᠂ ᠬᠤᠪᠢᠯᠠᠢ ᠡᠵᠡᠨ ᠡᠮᠦᠨᠡᠲᠦ ᠨᠤᠲᠤᠭ ᠤ᠋ᠨ ᠬᠡᠯᠡ ᠪᠡᠷ ᠥᠪᠡᠷ ᠦ᠋ᠨ ᠲᠥᠷᠥᠯᠬᠢ ᠬᠡᠯᠡ ᠰᠢᠭ ᠢ᠋ᠶ᠋ᠡᠨ ᠴᠡᠪᠡᠷᠬᠡᠨ ᠶᠠᠷᠢᠵᠤ ᠪᠠᠢᠨ᠎ᠠ᠃ ᠶᠡᠬᠡᠰ ᠳᠡᠭᠡᠳᠦᠰ ᠭᠡᠳᠡᠭ ᠡᠨᠡ ᠯᠡ ᠪᠠᠢᠳᠠᠭ ᠶᠤᠮ ᠪᠠᠢᠨ᠎ᠠ ᠳᠠ》 ᠭᠡᠮᠡᠨ ᠭᠠᠢᠬᠠᠬᠤ ᠵᠠᠭᠤᠷ᠎ᠠ ᠳ᠋ᠤ᠌ ᠬᠤᠪᠢᠯᠠᠢ ᠦᠷᠭᠦᠯᠵᠢᠯᠡᠭᠦᠯᠦᠨ᠂
       — ᠶᠠᠭᠤᠨ ᠲᠦᠷᠦᠭᠦᠨ ᠡᠨᠡ ᠭᠠᠵᠠᠷ ᠤ᠋ᠨ ᠲᠠᠷᠢᠶᠠᠯᠠᠩ ᠢ᠋ ᠲᠡᠳᠬᠦᠨ ᠬᠥᠭᠵᠢᠭᠦᠯᠬᠦ ᠪᠣᠳᠣᠯᠭ᠎ᠠ ᠶᠠᠪᠤᠭᠤᠯᠤᠨ᠎ᠠ᠃ ᠳᠥᠷᠪᠡᠨ ᠶᠠᠪᠤᠭᠰᠠᠨ ᠬᠥᠮᠦᠰ ᠡᠬᠢᠨ ᠡᠴᠡ ᠪᠡᠨ ᠨᠡᠭᠦᠵᠦ ᠢᠷᠡᠨ᠎ᠡ ᠭᠡᠵᠦ ᠢᠲᠡᠭᠡᠯ ᠲᠡᠢ ᠪᠡᠷ ᠬᠡᠯᠡᠯ᠎ᠡ᠃ ᠬᠤᠪᠢᠯᠠᠢ ᠶᠠᠮᠠᠷᠪᠠ ᠨᠢᠭᠡᠨ ᠰᠢᠢᠳᠪᠦᠷᠢ ᠭᠠᠷᠭᠠᠬᠤ ᠳ᠋ᠠᠭᠠᠨ ᠶᠠᠭᠠᠷᠠᠤ ᠵᠠᠩᠨᠠᠵᠤ ᠦᠵᠡᠭᠡ ᠦᠭᠡᠢ ᠪᠢᠯᠡ᠃ ᠲᠡᠷᠡ ᠬᠡᠦᠬᠡᠳ ᠪᠠᠢᠬᠤ ᠠ᠋ᠴᠠ ᠪᠠᠨ ᠯᠠ ᠡᠢᠮᠦ ᠪᠠᠢᠭᠰᠠᠨ᠃ ᠰᠠᠢᠲᠤᠷ ᠪᠣᠳᠣᠵᠤ ᠪᠠᠢᠵᠤ ᠰᠢᠢᠳᠪᠦᠷᠢ ᠭᠠᠷᠭᠠᠬᠤ ᠲᠤᠯᠠ ᠲᠡᠷᠡ ᠨᠢ ᠬᠡᠢ ᠦᠭᠡᠢ ᠪᠠᠢᠳᠠᠭ ᠪᠢᠯᠡ᠃ ᠰᠤᠷᠬᠠᠭᠲᠠᠨᠢ ᠬᠠᠲᠤᠨ ᠬᠦᠦ ᠪᠡᠨ ᠢᠩᠭᠢᠵᠦ ᠢᠲᠡᠭᠡᠯ ᠲᠡᠢ ᠶᠠᠷᠢᠵᠤ ᠪᠠᠢᠬᠤ ᠶ᠋ᠢ ᠨᠢ ᠬᠠᠷᠠᠭᠠᠳ ᠭᠠᠢᠬᠠᠪᠠ᠃
       — ᠶᠠᠭᠤᠨ ᠲᠦᠷᠦᠭᠦᠨ ᠠᠯᠪᠠᠨ ᠲᠠᠲᠠᠪᠤᠷᠢ ᠶ᠋ᠢ ᠪᠠᠭᠠᠰᠬᠠᠶ᠎ᠠ᠃ ᠠᠯᠪᠠᠨ ᠲᠠᠲᠠᠪᠤᠷᠢ ᠪᠠᠭᠠᠰᠤᠭᠠᠳ ᠢᠷᠡᠬᠦ ᠪᠡᠷ ᠲᠠᠷᠢᠶᠠᠴᠢᠳ ᠥᠪᠡᠷ ᠦ᠋ᠨ ᠲᠠᠷᠢᠶᠠᠯᠠᠭᠰᠠᠨ ᠵᠦᠢᠯ ᠢ᠋ᠶ᠋ᠡᠷ ᠠᠷᠠᠯᠵᠢᠶ᠎ᠠ ᠮᠠᠢᠮᠠᠢ ᠬᠢᠵᠦ ᠠᠮᠢᠳᠤᠷᠠᠯ ᠠᠬᠤᠢ ᠪᠠᠨ ᠵᠠᠯᠭᠠᠬᠤ ᠪᠣᠯᠭᠣᠮᠵᠢ ᠲᠠᠢ ᠪᠣᠯᠤᠨ᠎ᠠ᠃ ᠢᠩᠭᠢᠬᠦ ᠶᠤᠮ ᠪᠣᠯ ᠬᠤᠳᠠᠯᠳᠤᠭ᠎ᠠ ᠮᠠᠢᠮᠠᠢ᠂ ᠭᠠᠵᠠᠷ ᠲᠠᠷᠢᠶᠠᠯᠠᠩ ᠬᠣᠶᠠᠷ ᠵᠡᠷᠭᠡᠴᠡᠨ ᠬᠥᠭᠵᠢᠨ᠎ᠡ ᠭᠡᠵᠦ ᠪᠢ ᠰᠡᠳᠬᠢᠨ᠎ᠡ᠃ ᠰᠤᠷᠬᠠᠭᠲᠠᠨᠢ ᠬᠦᠦ ᠶ᠋ᠢᠨ ᠢ᠋ᠶ᠋ᠡᠨ ᠰᠢᠢᠳᠪᠦᠷᠢ ᠶ᠋ᠢ ᠰᠣᠨᠣᠰᠤᠨ ᠰᠠᠭᠤᠯ᠎ᠠ᠃ ᠬᠤᠪᠢᠯᠠᠢ ᠦᠨᠡᠬᠡᠷ ᠤᠬᠠᠭᠠᠨ ᠬᠦᠴᠦ ᠠᠯᠢ ᠠᠯᠢᠨ ᠲᠡᠭᠰᠢᠷᠡᠭᠰᠡᠨ ᠡᠷ᠎ᠡ ᠬᠥᠮᠦᠨ ᠪᠣᠯᠵᠤ ᠪᠣᠢ ᠪᠠᠨ ᠡᠬᠡ ᠶ᠋ᠢᠨ ᠢ᠋ᠶ᠋ᠡᠨ ᠡᠮᠦᠨ᠎ᠡ ᠬᠠᠷᠠᠭᠤᠯᠵᠤ ᠪᠠᠢᠬᠤ ᠰᠢᠭ᠋᠃ ᠰᠤᠷᠬᠠᠭᠲᠠᠨᠢ ᠬᠦᠦ ᠡᠴᠡ ᠪᠡᠨ᠂
       — ᠭᠠᠵᠠᠷ ᠲᠠᠷᠢᠶᠠᠯᠠᠩ᠂ ᠬᠤᠳᠠᠯᠳᠤᠭᠠᠨ ᠤ᠋ ᠲᠠᠯ᠎ᠠ ᠪᠠᠷ ᠤᠶᠠᠨ ᠬᠠᠳᠠᠨ ᠪᠣᠳᠣᠯᠭ᠎ᠠ ᠶᠠᠪᠤᠭᠤᠯᠤᠶ᠎ᠠ ᠭᠡᠵᠦ ᠬᠡᠯᠡᠭᠰᠡᠨ ᠴᠢᠨᠢ ᠵᠥᠪ ᠰᠢᠢᠳᠪᠦᠷᠢ ᠪᠠᠢᠨ᠎ᠠ᠃ ᠬᠠᠷᠢᠨ ᠨᠢᠭᠡᠨᠲᠡ ᠳᠥᠷᠪᠡᠨ ᠣᠲᠣᠭᠰᠠᠭᠠᠷ ᠪᠠᠢᠭ᠎ᠠ ᠠᠷᠠᠳ ᠢᠷᠭᠡᠳ ᠢ᠋ ᠬᠡᠷᠬᠢᠨ ᠵᠣᠭᠰᠣᠭᠠᠵᠤ ᠥᠪᠡᠷ ᠦ᠋ᠨ ᠰᠠᠨᠠᠭ᠎ᠠ ᠪᠠᠨ ᠶᠠᠭᠤᠨ ᠠ᠋ᠴᠠ ᠡᠬᠢᠯᠡᠬᠦ ᠪᠣᠳᠣᠯ ᠲᠠᠢ ᠪᠠᠢᠨ᠎ᠠ ᠭᠡᠵᠦ ᠳᠠᠬᠢᠨ ᠠᠰᠠᠭᠤᠯ᠎ᠠ᠃ ᠬᠤᠪᠢᠯᠠᠢ ᠬᠡᠰᠡᠭ ᠪᠣᠳᠣᠯ ᠪᠣᠯᠤᠨ ᠰᠠᠭᠤᠭᠰᠠᠨ ᠢ᠋ᠶ᠋ᠠᠨ᠂
       — ᠪᠢ ᠨᠠᠭᠠᠰᠢ ᠢᠷᠡᠵᠦ ᠶᠠᠪᠤᠬᠤ ᠳ᠋ᠠᠭᠠᠨ ᠯᠠ ᠡᠨᠡ ᠪᠦᠬᠦᠨ ᠢ᠋ ᠪᠣᠳᠣᠵᠤ ᠶᠠᠪᠤᠯ᠎ᠠ᠃ ᠡᠬᠢᠯᠡᠭᠡᠳ ᠲᠠᠲᠠᠪᠤᠷᠢ ᠶ᠋ᠢᠨ ᠬᠢᠨᠠᠯᠲᠠ ᠲᠣᠭᠲᠠᠭᠠᠶ᠎ᠠ᠂ ᠡᠵᠡᠨ ᠦ᠌ ᠨᠡᠷ᠎ᠡ ᠰᠦᠷ ᠢ᠋ ᠪᠠᠷᠢᠨ ᠵᠣᠷᠢᠭ ᠢ᠋ᠶ᠋ᠠᠷ ᠲᠠᠲᠠᠪᠤᠷᠢ ᠬᠤᠷᠢᠶᠠᠭᠴᠢᠳ ᠢ᠋ ᠴᠡᠭᠴᠡᠯᠡᠨ᠂ ᠠᠯᠪᠠ ᠭᠤᠪᠴᠢᠭᠤᠷ ᠠ᠋ᠴᠠ ᠪᠣᠯᠵᠤ ᠬᠠᠷᠢᠶᠠᠲᠤ ᠢᠷᠭᠡᠳ ᠲᠡᠢ ᠮᠠᠷᠭᠤᠯᠳᠤᠵᠤ ᠪᠣᠢ ᠲᠠᠲᠠᠪᠤᠷᠢ ᠬᠤᠷᠢᠶᠠᠭᠴᠢ ᠬᠡᠨ  ᠴᠤ᠌ ᠪᠣᠯᠪᠠ ᠰᠢᠢᠳᠬᠡᠵᠦ᠂ ᠨᠡᠢᠲᠡ ᠳ᠋ᠦ᠍ ᠮᠡᠳᠡᠭᠳᠡᠶ᠎ᠡ ᠭᠡᠵᠦ ᠨᠡᠮᠡᠵᠦ ᠬᠡᠯᠡᠯ᠎ᠡ᠃ ᠡᠬᠡ ᠨᠢ ᠶᠡᠬᠡ ᠡᠯᠡᠰᠦᠨ ᠴᠦᠯ ᠢ᠋ ᠲᠤᠭᠤᠯᠬᠤ ᠳ᠋ᠠᠭᠠᠨ ᠬᠦᠦ ᠨᠢ ᠵᠠᠮ ᠤ᠋ᠨ ᠲᠤᠷᠰᠢ ᠳᠠᠭᠠᠷᠢᠭᠰᠠᠨ ᠬᠥᠮᠦᠰ ᠲᠦ᠍ ᠶᠠᠮᠠᠷ ᠨᠢᠭᠡᠨ ᠦᠭᠡ ᠲᠡᠢᠨ ᠶᠠᠪᠤᠭᠰᠠᠨ ᠢ᠋ ᠰᠠᠨᠠᠭᠠᠳ᠂
       — ᠬᠦᠦ ᠮᠢᠨᠢ ᠴᠢ ᠵᠠᠮ ᠳ᠋ᠤ᠌ ᠳᠠᠭᠠᠷᠢᠭᠰᠠᠨ ᠬᠥᠮᠦᠰ ᠲᠦ᠍ ᠶᠠᠮᠠᠷ ᠦᠭᠡ ᠲᠡᠢᠨ ᠶᠠᠪᠤᠭᠤᠯᠵᠤ ᠪᠠᠢᠭᠰᠠᠨ ᠢ᠋ᠶ᠋ᠠᠨ ᠡᠬᠡ ᠳ᠋ᠡᠭᠡᠨ ᠬᠡᠯᠡᠬᠦ ᠦᠭᠡᠢ ᠤᠤ ᠭᠡᠵᠦ ᠠᠰᠠᠭᠤᠯ᠎ᠠ᠃
       — ᠪᠢ ᠲᠡᠷᠡ ᠬᠥᠮᠦᠰ ᠲᠦ᠍ ᠡᠨᠡ ᠭᠠᠵᠠᠷ ᠢ᠋ ᠵᠠᠰᠠᠬᠤ ᠰᠢᠨ᠎ᠡ ᠡᠵᠡᠨ ᠢᠷᠡᠭᠰᠡᠨ ᠲᠤᠯᠠ ᠲᠠ ᠪᠦᠬᠦᠨ ᠡᠴᠡ ᠠᠪᠬᠤ ᠲᠠᠲᠠᠪᠤᠷᠢ ᠶ᠋ᠢ ᠴᠢᠯᠥᠭᠡᠯᠡᠵᠦ᠂ ᠤᠷᠢᠳ ᠡᠮᠦᠨ᠎ᠡ ᠥᠭᠴᠦ ᠪᠠᠢᠭᠰᠠᠨ ᠣᠯᠠᠨ ᠲᠠᠲᠠᠪᠤᠷᠢ ᠶ᠋ᠢ ᠬᠠᠭᠠᠨ ᠤ᠋ ᠨᠡᠷ᠎ᠡ ᠶ᠋ᠢᠨ ᠡᠮᠦᠨ᠎ᠡ ᠡᠴᠡ ᠪᠤᠴᠠᠭᠠᠨ ᠥᠭᠬᠦ ᠪᠣᠯᠤᠭᠰᠠᠨ ᠲᠤᠯᠠ ᠨᠤᠲᠤᠭ ᠲᠠᠭᠠᠨ ᠢᠷ᠎ᠡ ᠭᠡᠵᠦ ᠬᠡᠯᠡᠭᠰᠡᠨ ᠬᠡᠯᠡ ᠶᠠᠪᠤᠭᠤᠯᠤᠭᠰᠠᠨ ᠶᠤᠮ᠃ ᠲᠡᠢᠮᠦ ᠡᠴᠡ ᠲᠤᠩ ᠤᠳᠠᠬᠤ ᠦᠭᠡᠢ ᠡᠨᠡ ᠭᠠᠵᠠᠷ ᠢ᠋ ᠣᠷᠬᠢᠨ ᠶᠠᠪᠤᠭᠰᠠᠨ ᠬᠥᠮᠦᠰ ᠨᠡᠭᠦᠵᠦ ᠢᠷᠡᠬᠦ ᠪᠣᠯᠤᠨ᠎ᠠ ᠭᠡᠪᠡ᠃
       ᠬᠠᠲᠤᠨ ᠡᠬᠡ ᠬᠦᠦ ᠶ᠋ᠢᠨ ᠢ᠋ᠶ᠋ᠡᠨ ᠵᠠᠮ ᠤ᠋ᠨ ᠲᠤᠷᠰᠢ ᠬᠥᠮᠦᠰ ᠲᠦ᠍ ᠲᠦᠭᠡᠭᠡᠵᠦ ᠪᠠᠢᠭᠰᠠᠨ ᠦᠭᠡ ᠶ᠋ᠢᠨ ᠤᠴᠢᠷ ᠢ᠋ ᠰᠠᠶᠢ ᠣᠯᠤᠯ᠎ᠠ᠃《ᠪᠢ ᠬᠦᠦ ᠶ᠋ᠢᠨ ᠲᠥᠯᠥᠭᠡ ᠳᠡᠮᠡᠢ ᠵᠣᠪᠠᠵᠤ ᠪᠠᠢᠭᠰᠠᠨ ᠬᠡᠷᠡᠭ ᠪᠠᠢᠵᠠᠢ》 ᠭᠡᠵᠦ ᠪᠣᠳᠣᠬᠤ ᠵᠠᠭᠤᠷ᠎ᠠ ᠬᠤᠪᠢᠯᠠᠢ ᠦᠷᠭᠦᠯᠵᠢᠯᠡᠭᠦᠯᠦᠨ᠂
       — ᠬᠠᠷᠢᠨ ᠳᠠᠷᠠᠭ᠎ᠠ ᠨᠢ ᠬᠢᠯᠢ ᠳᠠᠮᠨᠠᠨ ᠶᠠᠪᠤᠬᠤ ᠬᠤᠳᠠᠯᠳᠤᠭᠠᠴᠢᠳ ᠢ᠋ ᠨᠠᠭᠠᠰᠢ ᠲᠡᠳᠡᠨ ᠠᠷᠠᠯᠵᠢᠶ᠎ᠠ ᠮᠠᠢᠮᠠᠢ ᠬᠢᠬᠦ ᠪᠣᠯᠤᠮᠵᠢ ᠣᠯᠭᠣᠨ᠎ᠠ ᠬᠡᠮᠡᠯ᠎ᠡ᠃
    ᠬᠦᠦ ᠶ᠋ᠢᠨ ᠢ᠋ᠶ᠋ᠡᠨ ᠡᠮᠬᠢ ᠴᠡᠭᠴᠡ ᠲᠡᠢ᠂ ᠳᠠᠷᠠᠭᠠᠯᠠᠯ ᠲᠠᠢ ᠰᠢᠢᠳᠪᠦᠷᠢ ᠶ᠋ᠢ ᠰᠣᠨᠣᠰᠤᠨ ᠰᠠᠭᠤᠬᠤ ᠬᠠᠲᠤᠨ ᠳ᠋ᠤ᠌ ᠶᠠᠭᠠᠬᠢᠭᠰᠠᠨ ᠴᠤ ᠶᠤᠮ ᠨᠢᠳᠦᠨ ᠦ᠌ ᠡᠮᠦᠨ᠎ᠡ ᠲᠤᠯᠤᠢ ᠡᠵᠡᠨ ᠦ᠌ ᠴᠢᠷᠠᠢ ᠲᠣᠳᠣᠷᠠᠨ ᠬᠠᠷᠠᠭᠳᠠᠬᠤ ᠰᠢᠭ᠋ ᠪᠣᠯᠤᠯ᠎ᠠ᠃《ᠬᠠᠷᠠ ᠳᠠ᠂ ᠲᠠᠨ ᠤ᠋ ᠬᠦᠦ ᠲᠣᠮᠣ ᠡᠷ᠎ᠡ ᠪᠣᠯᠵᠠᠢ᠃ ᠠᠯᠠᠭ᠎ᠠ ᠶ᠋ᠢᠨ ᠴᠢᠨᠡᠭᠡ ᠪᠠᠢᠬᠤ ᠳ᠋ᠤᠨᠢ ᠠᠯᠠᠭᠠᠨ ᠳᠡᠭᠡᠷ᠎ᠡ ᠪᠡᠨ ᠬᠥᠯ ᠢ᠋ ᠨᠢ ᠲᠠᠯᠪᠢᠭᠠᠳ ᠦᠨᠦᠰᠴᠦ ᠪᠠᠢᠭᠰᠠᠨ ᠬᠦᠦ ᠴᠢᠨᠢ ᠥᠨᠥᠳᠥᠷ ᠥᠪᠡᠷ ᠦ᠋ᠨ ᠤᠯᠤᠰ ᠢ᠋ ᠵᠠᠬᠢᠷᠤᠨ ᠰᠠᠭᠤᠬᠤ ᠪᠠᠷ ᠪᠣᠳᠣᠯ ᠤᠬᠠᠭᠠᠨ ᠢ᠋ᠶ᠋ᠠᠨ ᠤᠷᠤᠯᠳᠤᠭᠤᠯᠵᠤ ᠪᠠᠢᠨ᠎ᠠ᠃ ᠮᠥᠩᠬᠡ ᠲᠩᠷᠢ ᠶ᠋ᠢᠨ ᠣᠷᠣᠨ ᠠ᠋ᠴᠠ ᠬᠠᠷᠠᠵᠤ ᠰᠠᠭᠤᠨ᠎ᠠ ᠤᠤ》 ᠭᠡᠵᠦ ᠰᠡᠳᠬᠢᠯ ᠳ᠋ᠡᠭᠡᠨ ᠠᠰᠠᠭᠤᠯ᠎ᠠ᠃ ᠬᠡᠷᠬᠢᠬᠦ ᠨᠢ ᠮᠡᠳᠡᠭᠳᠡᠬᠦ ᠦᠭᠡᠢ ᠠᠯᠤᠰ ᠭᠠᠵᠠᠷ ᠲᠤ ᠬᠡᠨ ᠨᠢ ᠮᠡᠳᠡᠭᠳᠡᠬᠦ ᠦᠭᠡᠢ ᠬᠥᠮᠦᠰ ᠢ᠋ ᠵᠠᠬᠢᠷᠤᠭᠤᠯᠤᠨ ᠦᠯᠡᠳᠡᠭᠡᠬᠦ ᠪᠡᠷ ᠬᠦᠦ ᠪᠡᠨ ᠠᠪᠴᠢᠷᠠᠭᠰᠠᠨ ᠳ᠋ᠠᠭᠠᠨ ᠵᠣᠪᠠᠵᠤ ᠪᠠᠢᠭᠰᠠᠨ ᠰᠡᠳᠬᠢᠯ ᠨᠢ ᠪᠠᠭ᠎ᠠ ᠴᠤ᠌ ᠪᠣᠯᠪᠠ ᠲᠠᠢᠪᠤᠰᠢᠷᠠᠬᠤ ᠰᠢᠭ᠋ ᠪᠣᠯᠤᠯ᠎ᠠ᠃
  ※
       ᠲᠩᠷᠢ ᠲᠡᠷᠡ ᠠᠶ᠎ᠠ ᠪᠠᠷ ᠢ᠋ᠶ᠋ᠠᠨ ᠪᠦᠦᠳᠡᠢᠵᠦ ᠡᠭᠦᠯᠡᠰ ᠬᠤᠢᠯᠠᠷᠠᠨ ᠬᠠᠷᠠᠯᠠᠭᠠᠳ ᠠᠶᠤᠩᠭ᠎ᠠ ᠴᠠᠬᠢᠯᠭᠠᠨ ᠭᠠᠵᠠᠷ ᠲᠤ᠌ ᠪᠠᠭᠤᠨ ᠶᠡᠬᠡ ᠤᠰᠤ ᠶ᠋ᠢ ᠣᠷᠣᠭᠤᠯᠵᠤ᠂ ᠡᠷᠭᠢᠨ ᠲᠣᠭᠣᠷᠢᠨ ᠠ᠋ᠴᠠ ᠴᠢᠭᠢᠭ ᠦ᠋ᠨ ᠦᠨᠦᠷ ᠨᠡᠪᠲᠡ ᠬᠠᠩᠬᠤᠯᠤᠨ᠂  ᠴᠠᠩ ᠬᠡᠩᠭᠡᠷᠭᠡ ᠲᠩᠷᠢ ᠳ᠋ᠦ᠍  ᠴᠤᠤᠷᠢᠶᠠᠲᠤᠨ᠂ ᠥᠯᠥᠨ ᠴᠢᠨᠣ᠎ᠠ ᠶ᠋ᠢᠨ ᠳᠠᠭᠤᠨ ᠣᠯᠢᠨ ᠭᠠᠰᠠᠯᠬᠤ ᠨᠢ ᠰᠣᠨᠣᠰᠳᠠᠵᠤ᠂ ᠥᠭᠡᠳᠡᠢ ᠬᠠᠭᠠᠨ ᠨᠣᠢᠷ ᠠ᠋ᠴᠠ ᠪᠠᠨ ᠰᠡᠷᠢᠯ᠎ᠡ᠃ ᠣᠷᠣᠨ ᠠ᠋ᠴᠠ ᠪᠠᠨ ᠥᠨᠳᠡᠢᠨ ᠪᠣᠰᠬᠤ ᠭᠡᠰᠡᠨ ᠪᠣᠯᠪᠠᠴᠤ ᠴᠢᠳᠠᠭᠰᠠᠨ ᠦᠭᠡᠢ᠃ ᠵᠢᠷᠦᠬᠡᠨ ᠲᠤᠰ ᠭᠠᠵᠠᠷ ᠨᠢ ᠬᠦᠴᠦᠲᠡᠢ ᠡᠪᠡᠳᠦᠯᠲᠡ ᠮᠡᠳᠡᠷᠡᠭᠳᠡᠪᠡ᠃ ᠲᠤᠩ ᠤᠳᠠᠯ ᠦᠭᠡᠢ ᠣᠷᠳᠣᠨ ᠤ᠋ ᠶᠡᠬᠡᠰ ᠳᠡᠭᠡᠳᠦᠰ ᠴᠤᠭᠯᠠᠨ ᠬᠠᠭᠠᠨ ᠡᠵᠡᠨ ᠦ᠌ ᠪᠡᠶ᠎ᠡ ᠴᠢᠯᠡᠭᠡᠷᠬᠡᠭᠰᠡᠨ ᠲᠤᠬᠠᠢ ᠮᠡᠳᠡᠭᠡ ᠣᠷᠳᠣᠨ ᠳ᠋ᠤ᠌ ᠲᠠᠷᠬᠠᠵᠤ᠂ ᠬᠠᠭᠠᠨ ᠤ᠋ ᠬᠠᠲᠤᠳ ᠰᠠᠢᠳ ᠲᠦᠰᠢᠮᠡᠳ ᠴᠤᠭᠯᠠᠯ᠎ᠠ᠃ ᠣᠷᠳᠣᠨ ᠤ᠋ ᠣᠲᠠᠴᠢ ᠬᠠᠭᠠᠨ ᠡᠵᠡᠨ ᠦ᠌ ᠰᠤᠳᠠᠰᠤ ᠶ᠋ᠢ ᠪᠠᠷᠢᠨ ᠤᠳᠠᠭᠠᠨ ᠰᠠᠭᠤᠭᠰᠠᠨ ᠤ᠋ ᠡᠴᠦᠰ ᠲᠦ᠍ ᠡᠢᠨ ᠬᠡᠯᠡᠪᠡ᠃《ᠬᠠᠭᠠᠨ ᠡᠵᠡᠨ ᠦ᠌ ᠵᠢᠷᠦᠬᠡ ᠠᠯᠵᠢᠶᠠᠵᠠᠢ᠃ ᠡᠨᠡ ᠡᠪᠡᠳᠴᠢᠨ ᠠᠮᠢ ᠨᠠᠰᠤᠨ ᠳ᠋ᠤᠨᠢ ᠬᠠᠯᠠ ᠲᠠᠢ ᠪᠠᠢᠵᠤ ᠮᠠᠭᠠᠳ》 ᠭᠡᠪᠡ᠃ ᠣᠲᠠᠴᠢ ᠶ᠋ᠢᠨ ᠦᠭᠡ ᠶ᠋ᠢ ᠰᠣᠨᠣᠰᠤᠨ ᠳᠦᠷᠭᠡᠨ᠎ᠡ ᠬᠠᠲᠤᠨ᠂ 
    — ᠮᠥᠩᠬᠡ ᠲᠩᠷᠢ ᠮᠢᠨᠢ ᠶᠠᠭᠤᠨ ᠤ᠋ ᠤᠴᠢᠷ ᠬᠢᠯᠢᠩᠯᠡᠪᠡ᠃ ᠬᠠᠭᠠᠨ ᠡᠵᠡᠨ ᠦ᠌ ᠪᠡᠶ᠎ᠡ ᠶ᠋ᠢ ᠢᠯᠠᠷᠢᠰᠢᠭᠤᠯᠵᠤ᠂ ᠬᠠᠲᠤᠳ᠂ ᠬᠥᠪᠡᠭᠦᠳ ᠦ᠋ᠨ ᠰᠡᠳᠬᠢᠯ ᠢ᠋ ᠠᠮᠤᠷᠯᠢᠭᠤᠯᠵᠤ ᠬᠠᠢᠷᠠᠯᠠ ᠬᠡᠮᠡᠭᠡᠳ ᠴᠤᠭᠯᠠᠭᠰᠠᠨ ᠣᠯᠠᠨ ᠠ᠋ᠴᠠ ᠬᠡᠷᠬᠢᠬᠦ ᠶ᠋ᠢ ᠠᠰᠠᠭᠤᠯ᠎ᠠ᠃ ᠡᠨᠡ ᠦᠶ᠎ᠡ ᠳ᠋ᠦ᠍ ᠥᠭᠡᠳᠡᠢ ᠬᠠᠭᠠᠨ ᠬᠦᠴᠦᠯᠡᠨ ᠥᠨᠳᠡᠢᠵᠦ᠂  
       — ᠶᠸᠯᠢᠦᠢ ᠴᠦᠼᠠᠢ ᠶ᠋ᠢ ᠳᠠᠭᠤᠳᠠᠨ ᠢᠷᠡᠭᠦᠯ ᠭᠡᠮᠡᠨ ᠵᠠᠷᠯᠢᠭᠳᠠᠯ᠎ᠠ᠃ ᠬᠠᠭᠠᠨ ᠤ᠋ ᠬᠠᠵᠠᠭᠤ ᠳ᠋ᠤ᠌ ᠵᠣᠭᠰᠣᠬᠤ ᠳᠦᠷᠭᠡᠨ᠎ᠡ ᠬᠠᠲᠤᠨ ᠤ᠋ ᠭᠠᠢᠬᠠᠭᠰᠠᠨ ᠬᠠᠷᠠᠴᠠ ᠶ᠋ᠢ ᠬᠠᠷᠠᠭᠰᠠᠨ ᠬᠠᠭᠠᠨ            
       — ᠲᠡᠷᠡ ᠲᠩᠷᠢ ᠶ᠋ᠢᠨ ᠠᠭᠠᠰᠢ ᠶ᠋ᠢ ᠮᠡᠳᠡᠨ᠎ᠡ᠃ ᠡᠴᠢᠭᠡ ᠬᠠᠭᠠᠨ ᠢ᠋ ᠮᠢᠨᠢ ᠣᠯᠠᠨ ᠤᠳᠠᠭ᠎ᠠ ᠠᠶᠤᠯ ᠠ᠋ᠴᠠ ᠮᠤᠯᠲᠤᠯᠵᠤ ᠪᠠᠢᠭᠰᠠᠨ ᠠᠴᠢᠲᠠᠢ ᠨᠢᠭᠡᠨ᠃ ᠣᠳᠣ ᠨᠠᠳᠠ ᠳ᠋ᠤ᠌ ᠲᠡᠭᠦᠨ ᠦ᠌ ᠡᠷᠳᠡᠮ ᠤᠬᠠᠭᠠᠨ ᠬᠡᠷᠡᠭ ᠲᠡᠢ ᠪᠠᠢᠨ᠎ᠠ᠃ ᠬᠡᠷᠬᠢᠬᠦ ᠶ᠋ᠢ ᠲᠡᠭᠦᠨ ᠡᠴᠡ ᠠᠰᠠᠭᠤᠬᠤ ᠪᠣᠯᠤᠨ᠎ᠠ ᠭᠡᠵᠦ ᠬᠡᠯᠡᠯ᠎ᠡ᠃ ᠬᠠᠭᠠᠨ ᠡᠵᠡᠨ ᠨᠢᠭᠡᠨᠲᠡ ᠵᠠᠷᠯᠢᠭᠳᠠᠭᠰᠠᠨ ᠲᠤᠯᠠ ᠳᠦᠷᠭᠡᠨ᠎ᠡ ᠬᠠᠲᠤᠨ ᠳᠤᠷ᠎ᠠ ᠲᠠᠢ ᠳᠤᠷ᠎ᠠ ᠦᠭᠡᠢ ᠴᠦ᠍ ᠶᠸᠯᠢᠦᠢ ᠴᠦᠼᠠᠢ ᠶ᠋ᠢ ᠳᠠᠭᠤᠳᠠ ᠭᠡᠮᠡᠨ ᠴᠠᠭᠠᠰᠢ ᠬᠡᠯᠡᠭᠦᠯᠦᠯ᠎ᠡ᠃ ᠬᠠᠭᠠᠨ ᠡᠵᠡᠨ ᠦ᠌ ᠪᠡᠶ᠎ᠡ ᠠᠯᠵᠢᠶᠠᠭᠰᠠᠨ ᠳ᠋ᠤ᠌  ᠰᠠᠨᠠᠭ᠎ᠠ ᠵᠣᠪᠠᠨᠢᠨ ᠬᠡᠷᠬᠢᠬᠦ ᠪᠡᠨ ᠮᠡᠳᠡᠬᠦ ᠦᠭᠡᠢ ᠪᠠᠢᠭᠰᠠᠨ ᠬᠥᠮᠦᠰ ᠦ᠋ᠨ ᠳᠤᠮᠳᠠ ᠲᠤᠩ ᠤᠳᠠᠯ ᠦᠭᠡᠢ ᠤᠷᠲᠤ ᠰᠠᠬᠠᠯᠲᠤ ᠶᠸᠯᠢᠦᠢ ᠴᠦᠼᠠᠢ ᠢᠷᠡᠪᠡ᠃ ᠤᠷᠲᠤ ᠬᠠᠷ᠎ᠠ ᠰᠠᠬᠠᠯ ᠨᠢ ᠪᠤᠭᠤᠷᠤᠯ ᠰᠠᠭᠤᠵᠠᠢ᠃ ᠲᠡᠭᠦᠨ ᠢ᠋ ᠬᠦᠯᠢᠶᠡᠵᠦ ᠪᠠᠢᠭᠰᠠᠨ ᠬᠠᠭᠠᠨ ᠡᠵᠡᠨ᠂ 
       — ᠲᠩᠷᠢ ᠨᠠᠳᠠ ᠳ᠋ᠤ᠌ ᠳᠣᠬᠢᠶ᠎ᠠ ᠥᠭᠭᠦᠨ ᠪᠠᠢᠭ᠎ᠠ ᠨᠢ ᠶᠠᠭᠤᠨ ᠤ᠋ ᠤᠴᠢᠷ ᠪᠣᠯᠬᠤ ᠶ᠋ᠢ ᠤᠷᠲᠤ ᠰᠠᠬᠠᠯᠲᠤ ᠴᠢ ᠲᠠᠢᠯᠪᠤᠷᠢᠯᠠᠨ ᠬᠡᠯᠡᠵᠦ ᠥᠭᠭᠦᠨ᠎ᠡ ᠤᠤ᠃ ᠮᠥᠩᠬᠡ ᠲᠩᠷᠢ ᠨᠠᠮᠠᠶ᠋ᠢ ᠬᠣᠶᠠᠷᠲᠠ ᠲᠠᠭᠤᠲᠠᠯ᠎ᠠ ᠬᠡᠮᠡᠬᠦ ᠳᠦ ᠢᠯᠢᠦᠢ ᠴᠦᠼᠠᠢ ᠤᠷᠲᠤ ᠰᠠᠬᠠᠯ ᠢ᠋ᠶ᠋ᠠᠨ ᠰᠢᠪᠲᠤᠷᠤᠨ ᠬᠠᠭᠠᠨ ᠡᠵᠡᠨ ᠦ᠌ ᠡᠮᠦᠨ᠎ᠡ ᠣᠢᠷᠠᠲᠤᠨ ᠣᠴᠢᠵᠤ᠂ 
    — ᠥᠷᠥᠰᠢᠶᠡᠯᠲᠦ ᠬᠠᠭᠠᠨ ᠥᠭᠡᠳᠡᠢ ᠶ᠋ᠢᠨ ᠥᠷᠥᠰᠢᠶᠡᠯ ᠡᠨᠡᠷᠢᠯ ᠡᠳᠦᠭᠡ ᠦᠭᠡᠢᠯᠡᠭᠳᠡᠨ ᠪᠠᠢᠬᠤ  ᠰᠢᠭ᠋ ᠭᠡᠬᠦ ᠳᠦ ᠬᠥᠮᠦᠰ ᠦ᠋ᠨ ᠳᠤᠮᠳᠠ ᠠ᠋ᠴᠠ ᠳᠦᠷᠭᠡᠨ᠎ᠡ ᠬᠠᠲᠤᠨ᠂  
   — ᠡᠨᠡ ᠴᠢᠨᠢ ᠶᠠᠭᠤ ᠭᠡᠰᠡᠨ ᠬᠡᠷᠡᠭ ᠪᠢᠯᠡ ᠭᠡᠮᠡᠨ ᠲᠦᠷᠦᠭᠦᠯᠡᠨ ᠠᠰᠠᠭᠤᠯ᠎ᠠ᠃ 
     — ᠮᠥᠩᠬᠡ ᠲᠩᠷᠢ ᠬᠢᠯᠢᠩᠨᠡᠨ ᠪᠠᠢᠭ᠎ᠠ ᠨᠢ ᠥᠷᠥᠰᠢᠶᠡᠯ ᠬᠦᠰᠡᠵᠦ ᠪᠠᠢᠭ᠎ᠠ ᠬᠡᠷᠡᠭ ᠪᠣᠯᠪᠠ ᠤᠤ᠂ ᠡᠳᠦᠭᠡ ᠱᠣᠷᠣᠩ ᠭᠢᠨᠳᠠᠨ ᠳ᠋ᠤ᠌ ᠬᠣᠷᠢᠭᠳᠠᠵᠤ ᠪᠠᠢᠭ᠎ᠠ ᠶᠠᠯᠠᠲᠠᠨ ᠨᠤᠭᠤᠳ ᠢ᠋ ᠰᠤᠯᠠᠯᠠᠨ ᠶᠠᠪᠤᠭᠤᠯᠬᠤ ᠬᠡᠷᠡᠭ ᠲᠡᠢ ᠭᠡᠪᠡ᠃ 
       《ᠮᠥᠩᠬᠡ ᠲᠡᠭᠷᠢ ᠬᠢᠯᠢᠩᠨᠡᠨ ᠪᠠᠶ᠋ᠢᠭ᠎ᠠ ᠨᠢ ᠥᠷᠥᠰᠢᠶᠡᠯ ᠬᠦᠰᠡᠵᠦ ᠪᠠᠶ᠋ᠢᠭ᠎ᠠ ᠬᠡᠷᠡᠭ》 ᠭᠡᠰᠡᠨ ᠦᠭᠡ  ᠶ᠋ᠢ ᠬᠠᠭᠠᠨ ᠡᠵᠡᠨ ᠤᠬᠠᠨ ᠪᠣᠳᠣᠭᠠᠳ ᠥᠷᠭᠦᠭᠡᠨ ᠳ᠋ᠤ᠌ ᠴᠤᠭᠯᠠᠭᠰᠠᠨ ᠣᠯᠠᠨ᠂ ᠲᠥᠷᠥ ᠵᠢᠨ ᠰᠠᠶ᠋ᠢᠳ ᠲᠦᠰᠢᠮᠡᠳ  ᠲᠦ᠍ ᠬᠠᠨᠳᠤᠨ᠂
       — ᠶᠸᠯᠢᠤᠢ ᠴᠦᠼᠠᠢ ᠵᠢᠨ ᠬᠡᠯᠡᠳᠡᠭ ᠦᠨᠡᠨ ᠪᠢᠵᠡ᠂ ᠥᠷᠥᠰᠢᠶᠡᠯᠲᠦ ᠬᠠᠭᠠᠨ ᠥᠭᠡᠳᠡᠢ ᠵᠢᠨ ᠥᠷᠥᠰᠢᠶᠡᠯ ᠡᠨᠡᠷᠢᠯ ᠡᠳᠦᠭᠡ ᠦᠭᠡᠶ᠋ᠢᠯᠡᠭᠳᠡᠵᠦ ᠪᠠᠶ᠋ᠢᠭ᠎ᠠ ᠵᠢᠨ ᠤᠴᠢᠷ ᠮᠥᠩᠬᠡ ᠲᠡᠭᠷᠢ ᠨᠠᠳᠠ  ᠳ᠋ᠤ᠌ ᠳᠣᠬᠢᠶ᠎ᠠ ᠥᠭᠭᠦᠯᠥᠭᠰᠡᠨ ᠬᠡᠷᠡᠭ ᠪᠢᠵᠡ᠃ ᠨᠠᠮᠠᠶ᠋ᠢ ᠬᠠᠭᠠᠨ ᠣᠷᠣ ᠰᠠᠭᠤᠵᠤ ᠪᠠᠶ᠋ᠢᠬᠤ  ᠳ᠋ᠠᠭᠠᠨ ᠠᠩᠬᠠᠯᠠᠨ ᠭᠠᠷᠭᠠᠵᠤ ᠪᠠᠶ᠋ᠢᠭᠰᠠᠨ ᠥᠷᠥᠰᠢᠶᠡᠯ ᠊ᠦᠨ ᠰᠢᠢᠳᠪᠦᠷᠢ  ᠶ᠋ᠢ ᠥᠨᠥ ᠳᠠᠬᠢᠨ ᠭᠠᠷᠭᠠᠵᠤ ᠶᠠᠯᠠᠲᠠᠨ ᠨᠤᠭᠤᠳ ᠊ᠢ ᠰᠤᠯᠠᠯᠠᠨ ᠶᠠᠪᠤᠭᠤᠯ ᠭᠡᠵᠦ ᠬᠡᠯᠡᠯ᠎ᠡ᠃
       ᠥᠭᠡᠳᠡᠢ ᠬᠠᠭᠠᠨ ᠰᠢᠷᠡᠭᠡᠨ  ᠳ᠋ᠦ᠍ ᠰᠠᠭᠤᠭᠰᠠᠨ  ᠡᠴᠡ ᠬᠣᠶ᠋ᠢᠰᠢᠬᠢ ᠵᠢᠯ ᠊ᠦᠳ  ᠲᠦ᠍ ᠲᠡᠶ᠋ᠢᠨ ᠳᠠᠵᠢᠨ ᠊ᠤ  ᠬᠥᠯ ᠲᠠᠰᠤᠷᠠᠭ᠎ᠠ ᠦᠭᠡᠢ ᠵᠢᠨ ᠳᠡᠭᠡᠷ᠎ᠡ ᠥᠷᠥᠰᠢᠶᠡᠯᠲᠦ ᠵᠠᠰᠠᠭ ᠊ᠤᠨ ᠪᠣᠳᠣᠯᠭ᠎ᠠ ᠴᠤ᠌ ᠪᠠᠭ᠎ᠠ ᠪᠠᠭ᠎ᠠ ᠪᠠᠷ ᠠᠯᠳᠠᠭᠳᠠᠭᠰᠠᠭᠠᠷ ᠪᠠᠶ᠋ᠢᠭᠰᠨ ᠡᠨᠡ ᠦᠶ᠎ᠡ  ᠳ᠋ᠦ᠍ ᠶᠸᠯᠢᠤᠢ ᠴᠦᠼᠠᠢ ᠵᠢᠨ ᠦᠭᠡ  ᠶ᠋ᠢ ᠬᠦᠯᠢᠶᠡᠨ ᠵᠥᠪᠰᠢᠶᠡᠷᠡᠬᠦ  ᠡᠴᠡ ᠥᠭᠡᠷ᠎ᠡ ᠠᠷᠭ᠎ᠠ ᠦᠭᠡᠢ ᠪᠠᠶ᠋ᠢᠪᠠ᠃ ᠨᠢᠭᠡᠨᠲᠡ ᠢᠷᠡᠭᠰᠡᠨ ᠠᠶ᠋ᠢᠳᠠᠰ ᠲᠦᠭᠰᠢᠭᠦᠷᠢ ᠮᠥᠩᠬᠡ ᠲᠡᠭᠷᠢ ᠵᠢᠨ ᠬᠢᠯᠢᠩ ᠊ᠢ ᠳᠠᠷᠤᠬᠤ ᠠᠷᠭ᠎ᠠ ᠡᠭᠦᠨ  ᠡᠴᠡ ᠥᠭᠡᠷ᠎ᠡ ᠦᠭᠡᠢ ᠪᠠᠶ᠋ᠢᠯ᠎ᠠ᠃ ᠡᠨᠡ ᠦᠭᠡ ᠬᠠᠭᠠᠨ ᠊ᠤ ᠠᠮᠠᠨ  ᠡᠴᠡ ᠭᠠᠷᠤᠭᠰᠠᠨ ᠳᠠᠷᠤᠢ  ᠳ᠋ᠤ᠌ ᠱᠣᠷᠣᠩ ᠭᠢᠨᠳᠠᠨ  ᠳ᠋ᠤ᠌ ᠬᠣᠷᠢᠭᠳᠠᠵᠤ ᠪᠠᠶ᠋ᠢᠭ᠎ᠠ ᠬᠥᠮᠦᠰ ᠊ᠢ ᠰᠤᠯᠠᠯᠠᠨ ᠶᠠᠪᠤᠭᠤᠯᠬᠤ ᠰᠢᠢᠳᠪᠦᠷᠢ ᠪᠡᠶᠡᠯᠡᠯ ᠵᠢᠡᠨ ᠣᠯᠵᠤ᠂ ᠣᠯᠠᠨ ᠬᠥᠮᠦᠨ ᠰᠤᠯᠠᠯᠠᠭᠳᠠᠨ ᠡᠷᠬᠡ ᠴᠢᠯᠥᠭᠡ  ᠲᠡᠢ ᠪᠣᠯᠵᠠᠢ᠃ ᠥᠷᠥᠰᠢᠶᠡᠯ ᠦᠵᠡᠭᠦᠯᠬᠦ ᠰᠢᠢᠳᠪᠦᠷᠢ ᠥᠭᠡᠳᠡᠢ ᠬᠠᠭᠠᠨ ᠊ᠤ ᠠᠩᠬᠠᠨ ᠊ᠤ ᠬᠢᠨᠢ ᠪᠢᠰᠢ ᠶᠤᠮ ᠃ ᠰᠤᠷᠬᠠᠭᠲᠠᠨᠢ ᠬᠠᠲᠤᠨ ᠊ᠤ ᠵᠥᠪᠯᠡᠨ ᠬᠡᠯᠡᠭᠰᠡᠨ ᠊ᠦ ᠳᠠᠭᠠᠤ ᠲᠡᠷᠡ  ᠪᠡᠷ ᠬᠠᠭᠠᠨ ᠰᠢᠷᠡᠭᠡᠨ  ᠳ᠋ᠦ᠍ ᠰᠠᠭᠤᠭᠰᠠᠨ ᠡᠳᠦᠷ ᠵᠢᠡᠨ ᠥᠪᠡᠷ ᠊ᠦᠨ ᠵᠠᠰᠠᠭ ᠊ᠢ ᠥᠷᠥᠰᠢᠶᠡᠯ ᠵᠢᠡᠷ ᠡᠬᠢᠯᠡᠨ᠂ ᠱᠣᠷᠣᠩ ᠭᠢᠨᠳᠠᠨ  ᠳ᠋ᠤ᠌ ᠬᠣᠷᠢᠭᠳᠠᠨ ᠪᠠᠶ᠋ᠢᠭ᠎ᠠ ᠶᠠᠯᠠᠲᠠᠨ ᠨᠤᠭᠤᠳ ᠊ᠢ ᠰᠤᠯᠠᠯᠠᠨ ᠶᠠᠪᠤᠭᠤᠯᠵᠤ ᠪᠠᠶ᠋ᠢᠭᠰᠠᠨ ᠲᠡᠦᠬᠡ  ᠲᠡᠢ᠃ ᠡᠨᠡ ᠴᠠᠭ  ᠡᠴᠡ ᠬᠣᠶ᠋ᠢᠰᠢ ᠥᠷᠥᠰᠢᠶᠡᠯᠲᠦ ᠬᠠᠭᠠᠨ ᠥᠭᠡᠳᠡᠢ ᠵᠢᠨ ᠨᠡᠷ᠎ᠡ ᠲᠠᠯ᠎ᠠ ᠨᠤᠲᠤᠭ ᠳᠠᠶᠠᠭᠠᠷ ᠲᠠᠷᠬᠠᠭᠰᠠᠨ᠃ ᠶᠸᠯᠢᠤᠢ ᠴᠦᠼᠠᠢ ᠵᠢᠨ ᠦᠭᠡ ᠦᠨᠡᠨ ᠪᠣᠯᠬᠤ ᠨᠢ ᠪᠠᠲᠤᠯᠠᠭᠳᠠᠵᠤ ᠲᠡᠷᠡ ᠡᠳᠦᠷ ᠊ᠦᠨ ᠣᠷᠣᠢ  ᠳ᠋ᠠᠭᠠᠨ ᠬᠠᠭᠠᠨ ᠊ᠤ ᠪᠡᠶ᠎ᠡ ᠲᠡᠩᠬᠡᠭᠡ ᠰᠠᠶ᠋ᠢᠵᠢᠷᠠᠪᠠ᠃ ᠬᠠᠭᠠᠨ ᠊ᠤ ᠭᠡᠷ ᠪᠦᠯᠢ᠂ ᠠᠯᠲᠠᠨ ᠤᠷᠤᠭ ᠊ᠤᠨ ᠬᠢᠨ ᠣᠷᠳᠣᠨ ᠊ᠤ ᠰᠠᠶ᠋ᠢᠳ ᠲᠦᠰᠢᠮᠡᠳ ᠪᠦᠭᠦᠳᠡᠭᠡᠷ ᠰᠡᠳᠬᠢᠯ ᠠᠮᠠᠷᠠᠵᠤ ᠭᠡᠷ ᠭᠡᠷ  ᠲᠡᠭᠡᠨ ᠪᠤᠴᠠᠭᠰᠠᠨ ᠲᠡᠷᠡ ᠡᠳᠦᠷ  ᠡᠴᠡ ᠬᠣᠶ᠋ᠢᠰᠢ ᠬᠡᠳᠦ ᠬᠣᠨᠣᠭ ᠥᠩᠭᠡᠷᠡᠯ᠎ᠡ᠃
       ᠲᠠᠯ᠎ᠠ ᠨᠤᠲᠤᠭ ᠊ᠤᠨ ᠲᠠᠶ᠋ᠢᠪᠤᠩ ᠠᠮᠢᠳᠤᠷᠠᠯ ᠦᠷᠭᠦᠯᠵᠢᠯᠡᠨ ᠪᠠᠶ᠋ᠢᠬᠤ  ᠳ᠋ᠤ᠌ ᠬᠠᠭᠠᠨ ᠡᠵᠡᠨ ᠊ᠦ ᠪᠣᠳᠣᠯ ᠤᠬᠠᠭᠠᠨ  ᠡᠴᠡ ᠨᠢᠭᠡᠨ ᠵᠦᠢᠯ ᠭᠠᠷᠬᠤ  ᠪᠠᠨ ᠪᠣᠯᠢᠭᠠᠳ ᠪᠠᠶ᠋ᠢᠯ᠎ᠠ᠃《ᠮᠥᠩᠬᠡ ᠲᠡᠭᠷᠢ ᠨᠠᠮᠠᠶ᠋ᠢ ᠬᠣᠶᠠᠷᠲᠠ ᠳᠠᠭᠤᠳᠠᠯ᠎ᠠ᠃ ᠡᠬᠢᠨ ᠊ᠦ ᠤᠳᠠᠭ᠎ᠠ ᠳ᠋ᠤ᠌ ᠬᠠᠶ᠋ᠢᠷᠠᠲᠠᠢ ᠳᠡᠭᠦᠦ ᠮᠢᠨᠢ ᠵᠣᠯᠢᠶ᠎ᠠ ᠪᠣᠯᠵᠤ ᠣᠳᠤᠭᠰᠠᠨ ᠪᠣᠯ ᠳᠠᠷᠠᠭ᠎ᠠ ᠵᠢᠨ ᠤᠳᠠᠭ᠎ᠠ ᠳ᠋ᠤ᠌ ᠬᠡᠨ ᠮᠢᠨᠦ ᠡᠮᠦᠨ᠎ᠡ ᠡᠴᠡ ᠵᠣᠯᠢᠶ᠎ᠠ ᠪᠣᠯᠬᠤ ᠪᠢᠯᠡ᠃ ᠨᠢᠭᠡᠨᠲᠡ ᠢᠷᠡᠵᠦ ᠪᠤᠢ ᠬᠤᠪᠢ ᠵᠠᠶᠠᠭᠠᠨ ‍ᠤ ᠳᠠᠭᠤᠳᠠᠯᠭ᠎ᠠ ᠶ᠋ᠢ ᠬᠦᠯᠢᠶᠡᠨ ᠠᠪᠬᠤ ᠴᠠᠭ ᠨᠢ ᠪᠣᠯᠵᠠᠢ》 ᠡᠨᠡ ᠪᠣᠳᠣᠯ ᠥᠭᠡᠳᠡᠢ ᠬᠠᠭᠠᠨ ᠳᠤ ᠲᠥᠷᠥᠨ᠂ ᠲᠡᠷᠡ ᠰᠥᠨᠢ ᠶ᠋ᠢᠨ ᠵᠡᠭᠦᠳᠦ᠂ ᠲᠩᠷᠢ ᠳᠦ ᠴᠠᠬᠢᠯᠤᠭᠰᠠᠨ ᠶᠡᠬᠡ ᠴᠠᠬᠢᠯᠭᠠᠨ ᠭᠠᠵᠠᠷ ᠲᠤ ᠪᠠᠭᠤᠵᠤ᠂ ᠠᠯᠤᠰ ᠠ᠋ᠴᠠ ᠥᠯᠥᠨ ᠴᠢᠨᠣ᠎ᠠ ᠶ᠋ᠢᠨ ᠳᠠᠭᠤ ᠰᠣᠨᠣᠰᠤᠭᠳᠠᠨ ᠪᠠᠶ᠋ᠢᠬᠰᠠᠨ ᠬᠠᠴᠢᠨ ᠵᠢᠪᠡᠭᠦᠨ ᠵᠥᠩᠳᠦ ᠵᠡᠭᠦᠳᠦᠨ ‍ᠦ ᠰᠢᠯᠲᠠᠭᠠᠨ ᠊ᠢ ᠲᠠᠶ᠋ᠢᠯᠵᠤ ᠶᠠᠳᠠᠨ ᠪᠠᠶ᠋ᠢᠪᠠ᠃
       ※
       ᠬᠤᠪᠢᠯᠠᠢ ᠶ᠋ᠢᠨ ᠦᠨᠡᠨ ᠪᠣᠯᠵᠤ ᠾᠧᠪᠧᠢ ᠮᠣᠵᠢ ᠳᠤ ᠠᠯᠤᠰ ᠠ᠋ᠴᠠ ᠢᠷᠡᠬᠦ ᠨᠡᠭᠦᠳᠡᠯ ᠦ᠋ᠨ ᠴᠤᠪᠤᠭ᠎ᠠ ᠡᠳᠦᠷ ᠡᠳᠦᠷ ᠶ᠋ᠢᠡᠷ ᠨᠡᠮᠡᠭᠳᠡᠭᠰᠡᠭᠡᠷ ᠪᠠᠶ᠋ᠢᠪᠠ᠃ ᠬᠥᠮᠦᠨ ᠠᠷᠠᠳ ᠦ᠋ᠨ ᠰᠡᠳᠬᠢᠯ ᠰᠠᠨᠠᠭ᠎ᠠ ᠲᠠᠶ᠋ᠢᠪᠤᠰᠢᠷᠠᠬᠤ ᠶ᠋ᠢᠨ ᠬᠢᠷᠢ ᠪᠡᠷ ᠭᠠᠵᠠᠷ ᠨᠤᠲᠤᠭ ᠬᠦᠷᠲᠡᠯ᠎ᠡ ᠥᠭᠭᠦᠭᠡᠵᠢ ᠰᠢᠮ᠎ᠡ ᠪᠡᠨ ᠥᠭᠳᠡᠭ ᠶᠤᠮ ‍ᠤᠤ ᠭᠡᠳᠡᠭ ᠶ᠋ᠢᠡᠷ ᠲᠡᠷᠡ ᠵᠢᠯ ᠨᠤᠲᠤᠭ ᠦ᠋ᠨ ᠠᠷᠠᠳ ᠣᠯᠠᠨ ᠶᠡᠬᠡ ᠤᠷᠭᠤᠴᠠ ᠶ᠋ᠢ ᠬᠣᠷᠢᠶᠠᠨ ᠠᠪᠴᠠᠢ᠃ ᠭᠠᠵᠠᠷ ᠨᠤᠲᠤᠭ ᠦ᠋ᠨ ᠶ᠋ᠢᠠᠨ ᠦᠢᠯᠡ ᠬᠡᠷᠡᠭ ᠊ᠢ ᠤᠳᠤᠷᠢᠳᠤᠨ ᠰᠠᠭᠤᠭ᠎ᠠ ᠬᠤᠪᠢᠯᠠᠢ ᠬᠦᠦ ᠪᠡᠨ ᠬᠠᠷᠠᠬᠤ ᠳᠤ ᠬᠠᠲᠤᠨ ᠡᠬᠡ ᠰᠠᠨᠠᠭ᠎ᠠ ᠠᠮᠠᠷᠠᠵᠤ ᠪᠣᠯᠬᠤ ᠪᠠᠷ ᠪᠣᠯᠵᠠᠢ᠃ ᠲᠠᠯ᠎ᠠ ᠨᠤᠲᠤᠭ ᠲᠤ ᠪᠠᠶ᠋ᠢᠬᠤ ᠠ᠋ᠴᠠ ᠶᠡᠬᠡᠰ ᠳᠡᠭᠡᠳᠦᠰ ᠦ᠋ᠨ ᠠᠮᠢᠳᠤᠷᠠᠯ ᠬᠢᠭᠡᠳ ᠡᠭᠡᠯ ᠠᠷᠠᠳ ᠦ᠋ᠨ ᠦᠨᠡᠨ ᠊ᠢ ᠳᠠᠭᠠᠭᠤᠯᠤᠨ ᠰᠤᠷᠭᠠᠵᠤ᠂ ᠡᠷᠳᠡᠮ ᠨᠣᠮ ᠳᠤ ᠭᠡᠭᠡᠷᠡᠭᠰᠡᠨ ᠶᠡᠬᠡ ᠪᠠᠭᠰᠢ ᠨᠠᠷ ᠊ᠢ ᠵᠠᠯᠠᠨ ᠢᠷᠡᠵᠦ᠂ ᠰᠤᠷᠭᠠᠯ ᠨᠣᠮᠯᠠᠯ ᠊ᠢ ᠨᠢ ᠰᠣᠨᠣᠰᠬᠠᠵᠤ᠂ ᠲᠥᠷᠥ ᠶ᠋ᠢ ᠵᠠᠯᠠᠬᠤ ᠡᠷᠬᠢᠮ ᠣᠶᠤᠨ ᠳᠤ ᠬᠥᠲᠥᠯᠦᠨ ᠥᠰᠬᠡᠭᠰᠡᠨ ᠬᠦᠦ ᠨᠢ ᠡᠷ᠎ᠡ ᠶ᠋ᠢᠨ ᠴᠡᠭᠡᠯ ᠳᠦ ᠬᠦᠷᠦᠭᠰᠡᠨ ᠊ᠢ ᠬᠠᠷᠠᠵᠤ ᠰᠠᠭᠤᠭᠰᠠᠨ ᠬᠠᠲᠤᠨ ᠣᠷᠳᠣ ᠥᠷᠭᠦᠭᠡᠨ ᠳ᠋ᠡᠭᠡᠨ ᠲᠠᠯ᠎ᠠ ᠨᠤᠲᠤᠭ ᠶ᠋ᠢᠠᠨ ᠰᠠᠨᠠᠨ ᠰᠠᠭᠤᠬᠤ ᠳᠤ ᠨᠢᠭᠡᠨ ᠳᠤᠷᠠᠰᠤᠮᠵᠢ ᠰᠡᠳᠬᠢᠯ ᠳᠦ ᠨᠢ ᠣᠷᠣᠵᠤ ᠢᠷᠡᠯ᠎ᠡ᠃
       ᠬᠤᠪᠢᠯᠠᠢ ᠬᠦᠦ ᠨᠢ ᠠᠷᠪᠠᠨ ᠨᠠᠰᠤᠲᠠᠢ ᠪᠠᠶ᠋ᠢᠬᠰᠠᠨ ᠦᠶ᠎ᠡ᠃ ᠡᠬᠡ ᠶ᠋ᠢ ᠪᠡᠨ ᠰᠤᠳᠤᠷ ᠡᠷᠭᠢᠭᠦᠯᠦᠨ ᠰᠠᠭᠤᠬᠤ ᠳᠤ ᠭᠠᠳᠠᠨ᠎ᠠ ᠠ᠋ᠴᠠ ᠣᠷᠣᠵᠤ ᠢᠷᠡᠭᠡᠳ ᠶᠡᠬᠡ ᠯᠠ ᠴᠢᠬᠤᠯᠠᠴᠢᠯᠠᠨ ᠨᠢᠭᠡ ᠵᠦᠢᠯ ᠊ᠢ ᠠᠰᠠᠭᠤᠭᠰᠠᠨ ᠶᠤᠮ᠃ ᠲᠡᠷᠡ ᠪᠢᠴᠢᠬᠠᠨ ᠤᠬᠠᠭᠠᠨ ᠶ᠋ᠢᠠᠷ ᠶ᠋ᠢᠠᠨ ᠡᠷᠭᠢᠴᠡᠭᠦᠯᠦᠨ ᠪᠣᠳᠣᠭᠰᠠᠨ ᠪᠣᠯᠤᠯᠲᠠᠢ᠂
       — ᠬᠠᠲᠤᠨ ᠡᠬᠡ ᠮᠢᠨᠢ ᠲᠠ ᠠᠯᠢᠪᠠ ᠬᠥᠮᠦᠨ ᠳ᠋ᠦ ᠤᠬᠠᠭᠠᠷᠠᠬᠤ ᠬᠣᠶᠠᠷ ᠵᠠᠮ ᠪᠠᠶ᠋ᠢᠳᠠᠭ ᠭᠡᠵᠦ ᠬᠡᠯᠡᠵᠦ ᠪᠠᠶ᠋ᠢᠬᠰᠠᠨ ᠭᠡᠵᠦ ᠶᠠᠷᠢᠶ᠎ᠠ ᠪᠠᠨ ᠡᠬᠢᠯᠡᠪᠡ᠃
       — ᠲᠡᠶ᠋ᠢᠮᠦ ᠡ ᠬᠦᠦ ᠮᠢᠨᠢ ᠭᠡᠬᠦ  ᠳᠦ᠂
       — ᠲᠡᠨᠡᠭ ᠬᠥᠮᠦᠨ ᠠᠯᠳᠠᠵᠤ ᠪᠠᠶ᠋ᠢᠵᠤ ᠤᠬᠠᠭᠠᠷᠠᠳᠠᠭ᠂ ᠤᠬᠠᠭᠠᠨ ᠲᠠᠢ ᠬᠥᠮᠦᠨ ᠠᠯᠳᠠᠬᠤ ᠠ᠋ᠴᠠ ᠪᠡᠨ ᠡᠮᠦᠨ᠎ᠡ ᠪᠤᠰᠤᠳ ᠦ᠋ᠨ ᠠᠯᠳᠠᠭᠠᠨ ᠠ᠋ᠴᠠ ᠤᠬᠠᠭᠠᠷᠠᠳᠠᠭ᠃ ᠠᠮᠢᠳᠤᠷᠠᠯ ᠦ᠋ᠨ ᠦᠨᠡᠨ ᠠᠯᠳᠠᠭ᠎ᠠ ᠣᠨᠣᠭ᠎ᠠ ᠠᠯᠢ ᠠᠯᠢ ᠨᠢ ᠨᠣᠮ ᠳᠤ ᠪᠤᠢ ᠲᠤᠯᠠ ᠠᠮᠢᠳᠤᠷᠠᠯ ᠦ᠋ᠨ ᠦᠨᠡᠨ ᠊ᠢ ᠨᠣᠮ ᠠ᠋ᠴᠠ ᠬᠠᠢ ᠭᠡᠵᠦ ᠬᠡᠯᠡᠵᠦ ᠪᠠᠶ᠋ᠢᠬᠰᠠᠨ᠃ ᠨᠢᠭᠡᠨᠲᠡ ᠪᠢ ᠥᠩᠭᠡᠷᠡᠭᠰᠡᠨ ᠠᠮᠢᠳᠤᠷᠠᠯ ᠢ᠋ ᠨᠣᠮ ᠠ᠋ᠴᠠ ᠬᠠᠢᠵᠤ ᠣᠯᠵᠤ ᠪᠣᠯᠬᠤ ᠪᠣᠯ ᠢᠷᠡᠭᠡᠳᠦᠢ  ᠴᠤ᠌ ᠭᠡᠰᠡᠨ ᠨᠣᠮ ᠠ᠋ᠴᠠ ᠬᠠᠢᠵᠤ ᠪᠣᠯᠬᠤ ᠤᠤ? ᠭᠡᠮᠡᠨ ᠠᠰᠠᠭᠤᠭᠰᠠᠨ ᠶᠤᠮ᠃ ᠬᠠᠲᠤᠨ ᠡᠬᠡ ᠬᠦᠦ ᠶ᠋ᠢᠨ ᠢ᠋ᠶ᠋ᠡᠨ ᠲᠣᠯᠣᠭᠠᠢ ᠶ᠋ᠢ ᠢᠯᠢᠵᠦ ᠦᠨᠦᠰᠦᠭᠡᠳ᠂
       — ᠢᠷᠡᠭᠡᠳᠦᠢ ᠶ᠋ᠢ ᠬᠡᠨ ᠴᠦ᠍ ᠪᠢᠴᠢᠭᠡ ᠦᠭᠡᠢ ᠪᠠᠢᠳᠠᠭ᠃ ᠲᠡᠭᠦᠨ ᠢ᠋ ᠡᠵᠡᠨ ᠬᠥᠮᠦᠨ ᠥᠪᠡᠷ ᠢ᠋ᠶ᠋ᠡᠨ ᠪᠢᠴᠢᠳᠡᠭ ᠭᠡᠵᠦ ᠬᠡᠯᠡᠵᠦ ᠪᠠᠢᠵᠠᠢ᠃ ᠦᠨᠡᠨ ᠳ᠋ᠡᠭᠡᠨ ᠬᠦᠦ ᠨᠢ ᠣᠳᠣ ᠢᠷᠡᠭᠡᠳᠦᠢ ᠪᠡᠨ ᠥᠪᠡᠷ ᠢ᠋ᠶ᠋ᠡᠨ ᠪᠢᠴᠢᠵᠦ ᠪᠠᠢᠨ᠎ᠠ᠃ ᠥᠩᠭᠡᠷᠡᠭᠰᠡᠨ ᠢ᠋ ᠲᠠᠨᠢᠵᠤ ᠪᠠᠢᠵᠤ ᠢᠷᠡᠭᠡᠳᠦᠢ ᠪᠡᠨ ᠪᠢᠴᠢᠳᠡᠭ᠃ ᠬᠠᠲᠤᠨ ᠡᠬᠡ ᠡᠨᠡ ᠪᠦᠬᠦᠨ ᠢ᠋ ᠪᠣᠳᠣᠬᠤ ᠵᠠᠭᠤᠷ᠎ᠠ《ᠢᠷᠡᠭᠡᠳᠦᠢ ᠳ᠋ᠦ᠍ ᠵᠣᠷᠢᠭᠤᠯᠵᠤ ᠦᠨᠡᠨ ᠢ᠋ ᠪᠢᠴᠢᠵᠦ ᠶᠠᠭᠠᠬᠢᠭᠠᠳ ᠪᠣᠯᠬᠤ ᠦᠭᠡᠢ ᠭᠡᠵᠦ》ᠭᠡᠮᠡᠨ ᠪᠣᠳᠣᠭᠳᠠᠯ᠎ᠠ᠃《ᠢᠷᠡᠭᠡᠳᠦᠢ ᠶ᠋ᠢ ᠬᠡᠨ ᠴᠦ᠍ ᠪᠢᠴᠢᠭᠡ ᠦᠭᠡᠢ ᠪᠠᠢᠳᠠᠭ ᠴᠤ᠌ ᠲᠡᠭᠦᠨ ᠢ᠋ ᠪᠡᠨ ᠪᠢᠴᠢᠬᠦ ᠪᠡᠷ ᠰᠠᠭᠤᠭ᠎ᠠ ᠬᠥᠮᠦᠰ ᠲᠦ᠍ ᠠᠮᠢᠳᠤᠷᠠᠯ ᠤ᠋ᠨ ᠦᠨᠡᠨ ᠢ᠋ ᠦᠯᠡᠳᠡᠭᠡᠵᠦ ᠪᠣᠯᠬᠤ ᠶᠤᠮ》ᠭᠡᠰᠡᠨ ᠰᠠᠨᠠᠭ᠎ᠠ ᠲᠥᠷᠥᠵᠦ ᠰᠠᠭᠤᠯ᠎ᠠ᠃       ᠭᠡᠪᠡᠴᠦ ᠲᠡᠭᠦᠨ ᠢ᠋ ᠪᠢᠴᠢᠬᠦ ᠳ᠋ᠦ᠍ ᠶᠡᠬᠡ ᠴᠠᠭ ᠬᠤᠭᠤᠴᠠᠭ᠎ᠠ ᠣᠷᠣᠨ᠎ᠠ᠃ ᠬᠠᠲᠤᠨ ᠡᠬᠡ ᠥᠩᠭᠡᠷᠡᠵᠦ ᠣᠳᠤᠭᠰᠠᠨ ᠡᠳᠦᠷ ᠦ᠋ᠳ ᠦ᠋ᠨ ᠲᠡᠷᠲᠡᠭᠡ ᠤᠷᠤᠭᠤ ᠪᠣᠳᠣᠯ ᠤᠬᠠᠭᠠᠨ ᠢ᠋ᠶ᠋ᠠᠨ ᠣᠷᠣᠯᠳᠣᠭᠤᠯᠤᠨ ᠪᠠᠢᠬᠤ ᠵᠠᠭᠤᠷ᠎ᠠ ᠭᠠᠳᠠᠨ᠎ᠠ ᠠ᠋ᠴᠠ ᠬᠦᠦ ᠬᠤᠪᠢᠯᠠᠢ ᠣᠷᠣᠵᠤ ᠢᠷᠡᠯ᠎ᠡ᠃
       ᠡᠵᠢ ᠨᠢ ᠨᠠᠭᠠᠰᠢ ᠢᠷᠡᠬᠦ ᠳ᠋ᠡᠭᠡᠨ ᠬᠦᠦ ᠶ᠋ᠢᠨ ᠢ᠋ᠶ᠋ᠡᠨ ᠲᠥᠯᠥᠭᠡ ᠰᠠᠨᠠᠭ᠎ᠠ ᠵᠣᠪᠠᠵᠤ ᠪᠠᠢᠭᠰᠠᠨ ᠮᠢᠨᠢ ᠳᠡᠮᠡᠢ ᠬᠡᠷᠡᠭ ᠪᠠᠢᠵᠠᠢ ᠭᠡᠳᠡᠭ ᠢ᠋ ᠣᠳᠣ ᠬᠠᠷᠠᠵᠤ ᠪᠠᠢᠨ᠎ᠠ᠃ ᠡᠨᠳᠡ ᠨᠢᠭᠡᠨᠲᠡ ᠮᠢᠨᠦ ᠬᠢᠬᠦ ᠠᠵᠢᠯ ᠪᠠᠢᠬᠤ ᠦᠭᠡᠢ ᠲᠤᠯᠠ ᠨᠤᠲᠤᠭ ᠪᠤᠴᠠᠬᠤ ᠰᠠᠨᠠᠭ᠎ᠠ ᠲᠠᠢ ᠪᠠᠢᠨ᠎ᠠ᠃ ᠬᠦᠦ ᠮᠢᠨᠢ ᠴᠢ ᠡᠷ᠎ᠡ ᠶ᠋ᠢᠨ ᠴᠡᠭᠡᠯ ᠳ᠋ᠦ᠍ ᠬᠦᠷᠴᠡᠢ᠃ ᠪᠢᠳᠡ ᠡᠴᠢᠭᠡ ᠶ᠋ᠢᠨ ᠴᠢᠨᠢ ᠭᠠᠯ ᠭᠣᠯᠣᠮᠲᠠ ᠳ᠋ᠤ᠌ ᠰᠠᠨᠠᠭ᠎ᠠ ᠵᠣᠪᠠᠬᠤ ᠠ᠋ᠴᠠ ᠴᠢᠮ᠎ᠠ ᠳ᠋ᠤ᠌ ᠰᠠᠨᠠᠭ᠎ᠠ ᠵᠣᠪᠠᠬᠤ ᠬᠡᠷᠡᠭ ᠦᠭᠡᠢ ᠪᠣᠯᠵᠠᠢ ᠭᠡᠳᠡᠭ ᠢ᠋ ᠬᠠᠷᠠᠵᠤ ᠪᠠᠢᠨ᠎ᠠ᠃ ᠭᠡᠪᠡᠴᠦ ᠰᠠᠨᠠᠭᠤᠯᠵᠤ ᠬᠡᠯᠡᠬᠦ ᠨᠢᠭᠡ ᠵᠦᠢᠯ ᠪᠠᠢᠨ᠎ᠠ ᠭᠡᠵᠦ ᠨᠡᠮᠡᠵᠦ ᠬᠡᠯᠡᠪᠡ᠃ ᠬᠤᠪᠢᠯᠠᠢ ᠡᠬᠡ ᠶ᠋ᠢᠨ ᠢ᠋ᠶ᠋ᠡᠨ ᠵᠠᠩ ᠢ᠋ ᠰᠠᠢᠨ ᠮᠡᠳᠡᠨ᠎ᠡ᠃ ᠲᠡᠷᠡ ᠬᠡᠦᠬᠡᠳ ᠢ᠋ᠶ᠋ᠡᠨ ᠵᠥᠪᠬᠡᠨ ᠮᠠᠭᠲᠠᠭᠠᠳ ᠥᠩᠭᠡᠷᠡᠭᠡᠳᠡᠭ ᠦᠭᠡᠢ᠃ ᠮᠠᠭᠲᠠᠨ ᠬᠡᠯᠡᠯ᠎ᠡ ᠴᠤ᠌ ᠳᠠᠷᠠᠭ᠎ᠠ ᠵᠠᠪᠠᠯ ᠰᠠᠨᠠᠭᠤᠯᠤᠨ ᠰᠤᠷᠭᠠᠬᠤ ᠦᠭᠡ ᠶ᠋ᠢ ᠨᠡᠮᠡᠵᠦ ᠬᠡᠯᠡᠳᠡᠭ᠃ ᠡᠨᠡ ᠤᠳᠠᠭ᠎ᠠ ᠴᠤ᠌ ᠬᠤᠪᠢᠯᠠᠢ ᠶ᠋ᠢᠨ ᠲᠠᠭᠠᠮᠠᠭ ᠦᠨᠡᠨ ᠪᠣᠯᠵᠤ᠂ ᠡᠬᠡ ᠨᠢ᠂
       — ᠴᠢ ᠡᠨᠡ ᠭᠠᠵᠠᠷ ᠤ᠋ᠨ ᠬᠥᠮᠦᠨ ᠡᠴᠡ ᠴᠤ᠌ ᠢᠯᠡᠭᠦᠦ ᠬᠡᠯᠡ ᠰᠣᠶᠣᠯ ᠢ᠋ ᠨᠢ ᠰᠤᠷᠴᠤ ᠥᠰᠦᠭᠰᠡᠨ᠃ ᠲᠡᠭᠦᠨ ᠢ᠋ ᠪᠡᠨ ᠠᠰᠢᠭᠯᠠᠨ ᠠᠷᠠᠳ ᠤ᠋ᠨ ᠰᠡᠳᠬᠢᠯ ᠢ᠋ ᠲᠡᠳᠡ᠃ ᠠᠷᠠᠳ ᠤ᠋ᠨ ᠰᠡᠳᠬᠢᠯ ᠢ᠋ ᠲᠠᠲᠠᠵᠤ ᠡᠰᠡ ᠴᠢᠳᠠᠪᠠᠰᠤ ᠬᠢᠵᠦ ᠪᠠᠢᠭ᠎ᠠ ᠪᠦᠬᠦᠨ ᠴᠢᠨᠢ ᠦᠨ᠎ᠡ ᠦᠭᠡᠢᠳᠡᠵᠦ᠂ ᠴᠢ ᠲᠡᠷᠰᠯᠡᠭᠦᠳ ᠡᠵᠡᠨ ᠪᠣᠯᠤᠨ᠎ᠠ᠃ ᠠᠷᠠᠳ ᠤ᠋ᠨ ᠰᠡᠳᠬᠢᠯ ᠢ᠋ ᠲᠠᠲᠠᠶ᠎ᠠ ᠭᠡᠪᠡᠯ ᠥᠲᠡᠭᠦᠰ ᠦ᠋ᠨ ᠤᠯᠠᠮᠵᠢᠯᠠᠯ ᠢ᠋ ᠪᠤᠤ ᠭᠦᠨᠳᠡᠭᠡᠷᠡᠢ ᠭᠡᠵᠦ ᠬᠡᠯᠡᠯ᠎ᠡ᠃
       ᠾᠧᠹᠧᠢ ᠮᠣᠵᠢ ᠳ᠋ᠤ᠌ ᠰᠠᠭᠤᠭ᠎ᠠ ᠡᠬᠡ ᠬᠦᠦ ᠬᠣᠶᠠᠷ ᠤ᠋ᠨ ᠳᠤᠮᠳᠠ ᠪᠣᠯᠤᠭᠰᠠᠨ ᠶᠠᠷᠢᠶᠠᠨ ᠣ ᠳᠠᠷᠠᠭ᠎ᠠ ᠰᠤᠷᠬᠠᠭᠲᠠᠨᠢ ᠬᠠᠲᠤᠨ ᠬᠠᠷᠠᠬᠣᠷᠣᠮ ᠤ᠋ᠨ ᠵᠦᠭ ᠶᠠᠭᠠᠷᠠᠪᠴᠢᠯᠠᠨ ᠵᠠᠮ ᠳ᠋ᠤ᠌ ᠭᠠᠷᠪᠠ᠃ ᠨᠢᠭᠡᠨᠲᠡ ᠶᠠᠪᠤᠬᠤ ᠪᠠᠷ ᠵᠡᠬᠡᠵᠦ ᠪᠠᠢᠭᠰᠠᠨ ᠬᠠᠲᠤᠨ ᠤ᠋ ᠢᠩᠭᠢᠵᠦ ᠶᠠᠭᠠᠷᠠᠪᠴᠢᠯᠠᠬᠤ ᠪᠣᠯᠤᠭᠰᠠᠨ ᠨᠢ ᠥᠭᠡᠷ᠎ᠡ ᠨᠢᠭᠡᠨ ᠰᠢᠯᠲᠠᠭᠠᠨ ᠠ᠋ᠴᠠ ᠤᠯᠪᠠᠭᠠᠯᠠᠵᠠᠢ᠃ ᠬᠦᠦ ᠶ᠋ᠢᠨ ᠬᠠᠮᠲᠤ ᠾᠧᠪᠧᠢ ᠳᠦ ᠰᠠᠭᠤᠭ᠎ᠠ ᠰᠷᠬᠠᠭᠲᠠᠨᠢ ᠬᠠᠲᠤᠨ ᠳ᠋ᠤ᠌ ᠬᠠᠷᠠᠬᠣᠷᠣᠮ ᠠ᠋ᠴᠠ ᠶᠸᠯᠢᠤᠢ ᠴᠦᠼᠠᠢ ᠬᠡᠯᠡ ᠢᠷᠡᠭᠦᠯᠦᠭᠰᠡᠨ ᠪᠠᠢᠪᠠ᠃ ᠪᠠᠷᠤᠭ ᠲᠠᠢ ᠪᠣᠯ ᠬᠣᠯᠠ ᠭᠠᠵᠠᠷ ᠰᠠᠭᠤᠭ᠎ᠠ ᠬᠠᠲᠤᠨ ᠢ᠋ ᠳᠠᠭᠤᠳᠠᠭᠤᠯᠬᠤ ᠰᠢᠯᠲᠠᠭᠠᠨ ᠶᠸᠯᠢᠤᠢ ᠴᠦᠼᠠᠢ ᠳ᠋ᠤ᠌ ᠦᠭᠡᠢ ᠪᠢᠯᠡ᠃ ᠭᠡᠪᠡᠴᠦ ᠰᠤᠷᠬᠠᠭᠲᠠᠨᠢ ᠶ᠋ᠢᠨ ᠵᠦᠩ ᠰᠤᠪᠢᠨ ᠳ᠋ᠤ᠌ ᠪᠠᠭᠤᠬᠤ ᠶᠠᠮᠠᠷ ᠨᠢᠭᠡᠨ ᠳᠠᠭ᠎ᠠ ᠦᠭᠡᠢ ᠵᠦᠢᠯ ᠦ᠋ᠨ ᠣᠴᠢᠭ ᠣᠴᠢᠭᠰᠠᠨ ᠬᠣᠢᠨ᠎ᠠ ᠲᠠᠢᠯᠤᠭᠳᠠᠬᠤ ᠨᠢ ᠯᠠᠪ᠃ ᠶᠡᠬᠡ ᠭᠣᠪᠢ ᠶ᠋ᠢ ᠭᠠᠲᠤᠯᠤᠨ ᠤᠷᠲᠤ ᠬᠣᠯᠠ ᠶ᠋ᠢᠨ ᠠᠶᠠᠨ ᠵᠠᠮ ᠢ᠋ ᠲᠤᠭᠤᠯᠤᠨ ᠣᠴᠢᠬᠤ ᠳ᠋ᠤ᠌ ᠡᠮᠦᠨ᠎ᠡ ᠡᠴᠡ ᠨᠢ ᠤᠭᠲᠤᠬᠤ ᠲᠠᠯ᠎ᠠ ᠨᠤᠲᠤᠭ ᠤ᠋ᠨ ᠠᠭᠠᠷ᠂ ᠴᠡᠩᠭᠡᠭ ᠤᠰᠤ᠂ ᠮᠥᠩᠬᠡ ᠲᠩᠷᠢ ᠬᠠᠲᠤᠨ ᠢ᠋ ᠬᠦᠯᠢᠶᠡᠵᠦ ᠪᠣᠢ᠃
*
       ᠶᠡᠬᠡ ᠬᠠᠭᠠᠨ ᠥᠭᠡᠳᠡᠢ ᠶ᠋ᠢᠨ ᠪᠡᠶ᠎ᠡ ᠰᠡᠭᠦᠳᠡᠷ ᠠᠯᠵᠢᠶᠠᠵᠤ᠂ᠰᠡᠳᠬᠢᠯ ᠰᠠᠨᠠᠭ᠎ᠠ ᠶ᠋ᠢ ᠨᠢ ᠲᠠᠢᠪᠤᠩ ᠪᠠᠢᠯᠭᠠᠬᠤ ᠬᠡᠷᠡᠭᠲᠡᠢ ᠭᠡᠰᠡᠨ ᠲᠤᠯᠠ ᠳᠦᠷᠭᠡᠨ᠎ᠡ ᠬᠠᠲᠤᠨ ᠲᠥᠷᠥ ᠶ᠋ᠢᠨ ᠬᠡᠷᠡᠭ ᠢ᠋ ᠪᠦᠷᠢᠨ ᠬᠠᠮᠢᠶᠠᠷᠬᠤ ᠪᠣᠯᠤᠯ᠎ᠠ᠃ ᠭᠡᠪᠡᠴᠦ ᠬᠠᠲᠤᠨ ᠤ᠋ ᠬᠠᠵᠠᠭᠤ ᠠ᠋ᠴᠠ ᠣᠭᠲᠣ ᠥᠭᠡᠷ᠎ᠡ ᠬᠥᠮᠦᠰ ᠮᠣᠩᠭᠣᠯ ᠲᠥᠷᠥ ᠶ᠋ᠢᠨ ᠠᠯᠲᠠᠨ ᠵᠢᠯᠤᠭᠤᠨ ᠠ᠋ᠴᠠ ᠠᠳᠬᠤᠬᠤ ᠪᠠᠷ ᠭᠠᠷ ᠰᠤᠩᠭᠠᠨ ᠪᠠᠢᠪᠠ᠃ ᠡᠳᠡ ᠪᠣᠯ ᠨᠢᠭᠡᠨ ᠴᠠᠭ ᠲᠤ ᠲᠡᠢᠨ ᠦ᠌ ᠣᠯᠵᠠᠨ ᠳ᠋ᠤ᠌ ᠬᠦᠷᠭᠡᠭᠳᠡᠨ ᠢᠷᠡᠵᠦ ᠳᠦᠷᠭᠡᠨ᠎ᠡ ᠬᠠᠲᠤᠨ ᠤ᠋ ᠰᠢᠪᠡᠭᠴᠢᠨ ᠪᠣᠯᠤᠭᠰᠠᠨ ᠹᠠᠲ᠋ᠢᠮᠠ᠂ ᠲᠡᠭᠦᠪᠡᠷ ᠳᠠᠮᠵᠢᠭᠤᠯᠤᠨ ᠲᠠᠨᠢᠯᠴᠠᠭᠰᠠᠨ ᠠᠷᠠᠪ ᠬᠤᠳᠠᠯᠳᠤᠭᠠᠴᠢᠨ ᠠᠪᠲᠤᠯ ᠷᠠᠬᠠᠮᠠᠨ ᠨᠠᠷ ᠪᠠᠢᠯ᠎ᠠ᠃ ᠲᠥᠷᠥ ᠶ᠋ᠢᠨ ᠡᠷᠬᠡ ᠮᠠᠲᠠᠯ᠂ ᠲᠠᠲᠠᠪᠤᠷᠢ ᠶ᠋ᠢᠨ ᠪᠣᠳᠣᠯᠭᠠᠨ ᠳ᠋ᠤ᠌ ᠬᠦᠴᠦᠲᠡᠢ ᠰᠢᠷᠭᠤᠯᠠᠨ ᠣᠷᠣᠵᠤ ᠢᠷᠡᠵᠦ ᠪᠠᠢᠭ᠎ᠠ ᠡᠨᠡ ᠬᠠᠷᠢ ᠬᠥᠮᠦᠰ ᠦ᠋ᠨ ᠳᠤᠮᠳᠠ ᠪᠠᠢᠬᠤ ᠳᠥᠷᠭᠡᠨ᠎ᠡ ᠦᠨᠡᠨ ᠳ᠋ᠡᠭᠡᠨ ᠵᠥᠪ ᠪᠤᠷᠤᠭᠤ ᠶ᠋ᠢ ᠢᠯᠭᠠᠵᠤ ᠴᠢᠳᠠᠬᠤ ᠦᠭᠡᠢ ᠪᠠᠢᠯ᠎ᠠ᠃ ᠥᠭᠡᠳᠡᠢ ᠬᠠᠭᠠᠨ ᠤ᠋ ᠪᠡᠶ᠎ᠡ ᠴᠢᠯᠡᠭᠡᠷᠬᠡᠭᠰᠡᠨ ᠬᠢᠭᠡᠳ ᠶᠡᠬᠡ ᠮᠣᠩᠭᠣᠯ ᠤ᠋ᠨ ᠡᠵᠡᠨ ᠬᠠᠭᠠᠨ ᠤ᠋ ᠰᠠᠭᠤᠳᠠᠯ ᠡᠵᠡᠭᠦᠢᠷᠡᠬᠦ ᠳᠣᠬᠢᠶ᠎ᠠ ᠢᠷᠡᠵᠦ ᠪᠣᠢ ᠵᠡᠷᠭᠡ ᠬᠦᠨᠳᠦᠬᠡᠨ ᠪᠣᠳᠣᠯ ᠤ᠋ᠳ ᠢ᠋ ᠲᠡᠭᠡᠭᠡᠨ ᠶᠠᠪᠤᠬᠤ ᠦᠶ᠎ᠡ ᠳ᠋ᠦ᠍ ᠳᠦᠷᠭᠡᠨ᠎ᠡ ᠬᠠᠲᠤᠨ ᠴᠤ᠌ ᠡᠬᠡ ᠬᠥᠮᠦᠨ ᠦ᠌ ᠰᠡᠳᠬᠢᠯ ᠢ᠋ᠶ᠋ᠡᠷ ᠥᠪᠡᠷ ᠦ᠋ᠨ ᠲᠥᠷᠥᠭᠰᠡᠨ ᠬᠥᠪᠡᠭᠦᠳ ᠡᠴᠡ ᠪᠡᠨ ᠬᠠᠭᠠᠨ ᠰᠢᠷᠡᠭᠡ ᠥᠪᠯᠡᠭᠦᠯᠦᠨ ᠦᠯᠡᠳᠡᠭᠡᠬᠦ ᠬᠦᠨᠳᠦᠬᠡᠨ ᠲᠡᠮᠡᠴᠡᠯ ᠦ᠋ᠨ ᠡᠬᠢᠯᠡᠯ ᠵᠢᠷᠦᠬᠡ ᠰᠡᠳᠬᠢᠯ ᠢ᠋ ᠨᠢ ᠡᠵᠡᠮᠳᠡᠭᠰᠡᠨ ᠪᠠᠢᠯ᠎ᠠ᠃
       ᠨᠢᠭᠡᠨ ᠡᠳᠦᠷ ᠳᠦᠷᠭᠡᠨ᠎ᠡ ᠬᠠᠲᠤᠨ ᠢ᠋ ᠦᠷᠭᠦᠭᠡᠨ ᠳ᠋ᠡᠭᠡᠨ ᠬᠠᠭᠠᠨ ᠤ᠋ ᠪᠡᠶ᠎ᠡ ᠴᠢᠯᠡᠬᠡᠷᠬᠡᠭᠰᠨ ᠳ᠋ᠦ᠍ ᠰᠠᠨᠠᠭ᠎ᠠ ᠵᠣᠪᠠᠨᠢᠨ ᠰᠠᠭᠤᠬᠤ ᠦᠶ᠎ᠡ ᠳ᠋ᠦ᠍ ᠲᠡᠭᠦᠨ ᠦ᠌ ᠰᠢᠪᠡᠭᠴᠢᠨ ᠹᠠᠲ᠋ᠢᠮᠠ ᠣᠷᠣᠵᠤ ᠪᠠᠢᠪᠠ ᠹᠠᠲ᠋ᠢᠮᠠ ᠬᠠᠲᠤᠨ ᠳ᠋ᠤ᠌ ᠣᠢᠷᠠᠲᠤᠨ ᠢᠷᠡᠵᠦ᠂
     — ᠬᠠᠲᠤᠨᠲᠠᠨ ᠮᠢᠨᠢ ᠲᠠᠨ ᠤ᠋ ᠪᠡᠶ᠎ᠡ ᠴᠢᠯᠡᠭᠡᠷᠬᠡᠭᠡ ᠤᠤ? ᠴᠢᠷᠠᠢ ᠲᠠᠨᠢ ᠰᠠᠢᠨ ᠦᠭᠡᠢ ᠬᠠᠷᠠᠭᠳᠠᠵᠤ ᠪᠠᠢᠨ᠎ᠠ ᠭᠡᠵᠦ ᠠᠰᠠᠭᠤᠬᠤ ᠳ᠋ᠤ᠌ ᠳᠦᠷᠭᠡᠨ᠎ᠡ ᠬᠠᠲᠤᠨ ᠰᠡᠳᠬᠢᠯ  ᠬᠥᠨᠳᠡᠭᠦᠷᠯᠡᠨ ᠪᠠᠢᠭ᠎ᠠ ᠪᠠᠨ ᠨᠢᠭᠤᠭᠰᠠᠨ ᠦᠭᠡᠢ᠂
       — ᠬᠠᠭᠠᠨ ᠡᠵᠡᠨ ᠦ᠌ ᠪᠡᠶ᠎ᠡ ᠴᠢᠯᠡᠭᠡ ᠡᠳᠦᠷ ᠡᠴᠡ ᠡᠳᠦᠷ ᠲᠦ᠍ ᠪᠠᠷᠠᠭᠳᠠᠵᠤ ᠪᠠᠢᠬᠤ ᠰᠢᠭ᠋᠃ ᠡᠵᠡᠨ ᠬᠠᠭᠠᠨ ᠮᠢᠨᠢ ᠦᠭᠡᠢ ᠪᠣᠯᠪᠠᠯ ᠪᠢᠳᠡ ᠬᠡᠷᠬᠢᠬᠦ ᠪᠢᠯᠡ ᠭᠡᠰᠡᠨ ᠠᠢᠳᠠᠰ ᠲᠥᠷᠥᠬᠦ ᠶᠤᠮ᠃
       — ᠬᠠᠭᠠᠨ ᠡᠵᠡᠨ ᠦ᠌ ᠪᠡᠶ᠎ᠡ ᠴᠢᠯᠡᠭᠡ ᠳᠡᠭᠡᠷᠡᠳᠡᠵᠦ ᠪᠠᠢᠭ᠎ᠠ ᠲᠤᠯᠠ ᠰᠠᠨᠠᠭ᠎ᠠ ᠠᠮᠤᠷ ᠰᠠᠭᠤᠵᠤ ᠪᠣᠯᠬᠤ ᠪᠢᠵᠡ᠃ ᠬᠠᠷᠢᠨ ᠬᠡᠷᠡᠭ ᠪᠢᠰᠢᠳᠡᠪᠡᠯ ᠳᠠᠷᠠᠭ᠎ᠠ ᠶ᠋ᠢᠨ ᠬᠠᠭᠠᠨ᠁ 
       ᠹᠠᠲ᠋ᠢᠮᠠ ᠶᠣᠰᠣ ᠦᠭᠡᠢ ᠦᠭᠡ ᠬᠡᠯᠡᠭᠰᠡᠨ ᠳ᠋ᠡᠭᠡᠨ ᠭᠡᠮᠰᠢᠨ ᠪᠣᠢ ᠠᠶᠠᠲᠠᠢ ᠴᠢᠮᠡᠭᠡ ᠦᠭᠡᠢ ᠪᠣᠯᠤᠯ᠎ᠠ᠃ ᠳᠦᠷᠭᠡᠨ᠎ᠡ ᠲᠡᠭᠦᠨ ᠢ᠋ ᠵᠢᠮᠡᠯᠡᠭᠰᠡᠨ ᠦᠭᠡᠢ᠂ ᠬᠠᠷᠢᠨ ᠴᠤ᠌ ᠡᠰᠡᠷᠭᠦ ᠪᠡᠷ ᠢ᠋ᠶ᠋ᠡᠨ ᠨᠢᠭᠡ ᠶ᠋ᠢ ᠪᠣᠳᠣᠪᠠ ᠪᠣᠯᠤᠯᠲᠠᠢ᠃
       — ᠲᠡᠭᠡᠪᠡᠯ ᠤᠤ᠁ ᠨᠢᠭᠡᠨᠲᠡ ᠬᠠᠭᠠᠨ ᠥᠪᠡᠷ ᠦ᠋ᠨ ᠣᠷᠣ ᠵᠠᠯᠭᠠᠭᠴᠢ ᠪᠠᠨ ᠨᠡᠷᠡᠯᠡᠬᠦ ᠦᠭᠡᠢ ᠣᠳᠬᠤ ᠠᠪᠠᠰᠤ ᠬᠠᠭᠠᠨᠲᠤ ᠲᠥᠷᠥ ᠡᠵᠡᠨ ᠦᠭᠡᠢ ᠪᠣᠯᠤᠨ᠎ᠠ ᠭᠡᠪᠡ᠃
       — ᠲᠡᠷᠡ ᠴᠠᠭ ᠲᠤ ᠬᠡᠷᠬᠢᠬᠦ ᠪᠣᠢ? ᠹᠠᠲ᠋ᠢᠮᠠ ᠬᠠᠲᠤᠨ ᠢ᠋ ᠳᠠᠩᠳᠠᠨ ᠠᠰᠠᠭᠤᠯ᠎ᠠ᠂ ᠬᠠᠲᠤᠨ ᠥᠪᠡᠷ ᠦ᠋ᠨ ᠰᠢᠢᠳᠪᠦᠷᠢ ᠪᠡᠨ ᠭᠠᠷᠭᠠᠭᠰᠠᠨ ᠪᠣᠯᠤᠯᠲᠠᠢ᠃
ᠬᠠᠭᠠᠨ ᠡᠵᠡᠨ ᠳ᠋ᠦ᠍ ᠪᠠᠷᠠᠯᠬᠠᠵᠤ ᠳᠠᠷᠠᠭ᠎ᠠ ᠶ᠋ᠢᠨ ᠬᠠᠭᠠᠨ ᠡᠵᠡᠨ ᠢ᠋ ᠨᠠᠷᠠᠯᠠᠨ᠎ᠠ ᠤᠤ ᠭᠡᠮᠡᠨ ᠠᠢᠯᠠᠳᠬᠠᠬᠤ ᠬᠦᠰᠡᠯ ᠲᠡᠢ ᠪᠠᠢᠨ᠎ᠠ ᠭᠡᠬᠦ ᠳ᠋ᠦ᠍ ᠹᠠᠲ᠋ᠢᠮᠠ᠄
       — ᠳᠠᠷᠠᠭ᠎ᠠ ᠶ᠋ᠢᠨ ᠬᠠᠭᠠᠨ ᠢ᠋ᠶ᠋ᠠᠨ ᠬᠠᠭᠠᠨ ᠡᠵᠡᠨ ᠲᠠᠨ ᠤ᠋ ᠦᠷ᠎ᠡ ᠬᠡᠦᠬᠡᠳ ᠦ᠋ᠳ ᠡᠴᠡ ᠪᠢᠰᠢ᠂ ᠥᠭᠡᠷ᠎ᠡ ᠬᠠᠲᠤᠨ ᠤ᠋ ᠬᠡᠦᠬᠡᠳ ᠨᠡᠷᠡᠯᠡᠭᠳᠡᠪᠡᠯ ᠬᠡᠴᠡᠭᠦᠬᠡᠨ ᠶᠠᠭᠤᠮ᠎ᠠ ᠪᠣᠯᠤᠨ᠎ᠠ ᠳᠠ ᠭᠡᠪᠡ᠃
       ᠡᠨᠡ ᠪᠣᠯ ᠳᠦᠷᠭᠡᠨ᠎ᠡ ᠬᠠᠲᠤᠨ ᠤ᠋ ᠬᠠᠭᠠᠨ ᠳ᠋ᠤ᠌ ᠪᠠᠷᠠᠯᠬᠠᠨ ᠥᠨᠥ ᠬᠦᠷᠲᠡᠯ᠎ᠡ ᠡᠨᠡ ᠦᠭᠡ ᠶ᠋ᠢ ᠬᠡᠯᠡᠬᠦ ᠦᠭᠡᠢ ᠪᠠᠢᠭ᠎ᠠ ᠤᠴᠢᠷ ᠰᠢᠯᠲᠠᠭᠠᠨ ᠤ᠋ ᠭᠣᠣᠯ ᠰᠡᠵᠢᠭᠦᠷ ᠲᠤᠯᠠ ᠹᠠᠲ᠋ᠢᠮᠠ ᠶ᠋ᠢᠨ ᠡᠨᠡ ᠦᠭᠡ ᠬᠠᠲᠤᠨ ᠤ᠋ ᠡᠪᠡᠳᠦᠭᠰᠡᠨ ᠭᠠᠵᠠᠷ ᠲᠤᠨᠢ ᠬᠠᠳᠬᠤᠭᠠᠳ ᠠᠪᠬᠤ ᠰᠢᠭ᠋ ᠰᠠᠨᠠᠭᠳᠠᠪᠠ᠃ ᠡᠭᠦᠨ ᠦ᠌ ᠬᠠᠷᠢᠭᠤ ᠳ᠋ᠤ᠌ ᠬᠠᠲᠤᠨ ᠶᠠᠮᠠᠷ ᠴᠤ᠌ ᠦᠭᠡ ᠬᠡᠯᠡᠭᠰᠡᠨ ᠦᠭᠡᠢ᠃ ᠬᠠᠷᠢᠨ ᠹᠠᠲ᠋ᠢᠮᠠ᠂
       — ᠬᠠᠲᠤᠨ ᠲᠠ ᠥᠪᠡᠷ ᠦ᠋ᠨ ᠬᠦᠦ ᠪᠡᠨ ᠬᠠᠭᠠᠨ ᠣᠷᠣ ᠰᠠᠭᠤᠯᠭᠠᠨ ᠦᠯᠡᠳᠡᠭᠡᠵᠦ ᠴᠢᠳᠠᠬᠤ ᠦᠭᠡᠢ ᠳ᠋ᠦ᠍ ᠬᠦᠷᠬᠦ ᠠᠪᠠᠰᠤ ᠲᠥᠷᠥ ᠶ᠋ᠢᠨ ᠨᠢᠷᠤᠭᠤᠨ ᠳ᠋ᠤ᠌ ᠥᠭᠡᠷ᠎ᠡ ᠨᠢᠭᠡᠨ ᠬᠥᠮᠦᠨ ᠰᠠᠭᠤᠵᠤ᠂ ᠲᠦᠮᠡᠨ ᠣᠯᠠᠨ ᠰᠠᠮᠠᠭᠤᠷᠠᠬᠤ ᠪᠤᠰᠤ  ᠤᠤ ? ᠥᠴᠦᠬᠡᠨ ᠮᠢᠨᠦ ᠪᠣᠳᠣᠯ ᠢ᠋ᠶ᠋ᠠᠷ ᠬᠠᠭᠠᠨ ᠤ᠋ ᠣᠷᠣ ᠵᠠᠯᠭᠠᠬᠤ ᠳᠠᠷᠠᠭ᠎ᠠ ᠶ᠋ᠢᠨ ᠬᠥᠮᠦᠨ ᠢ᠋ ᠥᠭᠡᠳᠡᠢ ᠬᠠᠭᠠᠨ ᠡᠵᠡᠨ ᠨᠡᠷᠡᠯᠡᠬᠦ ᠦᠭᠡᠢ ᠬᠡᠰᠡᠭ ᠪᠠᠢᠪᠠᠯ ᠶᠠᠮᠠᠷ ᠪᠣᠢ? ᠹᠠᠲ᠋ᠢᠮᠠ ᠶ᠋ᠢᠨ ᠦᠭᠡ ᠶᠡᠬᠡᠩᠬᠢ ᠳ᠋ᠡᠭᠡᠨ ᠦᠨᠡᠨ ᠦ᠌ ᠣᠷᠣ ᠲᠠᠢ ᠪᠠᠢᠳᠠᠭ᠃ ᠲᠡᠭᠦᠨ ᠦ᠌ ᠭᠦᠢᠯᠭᠡᠭᠡ ᠤᠬᠠᠭᠠᠨ ᠵᠠᠷᠢᠮ ᠦᠶ᠎ᠡ ᠳ᠋ᠦ᠍ ᠬᠠᠲᠤᠨ ᠤ᠋ ᠭᠠᠢᠬᠠᠰᠢᠷᠠᠯ ᠢ᠋ ᠲᠥᠷᠥᠭᠦᠯᠬᠦ ᠨᠢ ᠴᠦ᠍ ᠪᠣᠢ᠃ ᠰᠠᠶᠢ ᠬᠡᠯᠡᠭᠰᠡᠨ ᠹᠠᠲ᠋ᠢᠮᠠ ᠶ᠋ᠢᠨ ᠦᠭᠡ ᠶ᠋ᠢ ᠬᠠᠲᠤᠨ ᠳᠣᠲᠣᠷ᠎ᠠ ᠪᠠᠨ ᠡᠷᠭᠢᠴᠡᠭᠦᠯᠪᠡ᠃  ᠹᠠᠲ᠋ᠢᠮᠠ᠄
    —  ᠬᠠᠲᠤᠨᠲᠠᠨ ᠲᠠᠨ ᠳ᠋ᠤ᠌ ᠬᠠᠭᠠᠨ ᠡᠵᠡᠨ ᠲᠥᠷᠥ ᠶ᠋ᠢᠨ ᠵᠠᠷᠢᠮ ᠬᠡᠷᠡᠭ ᠢ᠋ ᠮᠡᠳᠡᠨ ᠶᠠᠪᠤᠭᠤᠯᠬᠤ ᠣᠨᠴᠠᠭᠠᠢ ᠡᠷᠬᠡ ᠶ᠋ᠢ ᠥᠭᠭᠦᠭᠰᠡᠨ ᠲᠤᠯᠠ ᠬᠠᠭᠠᠨ ᠤ᠋ ᠳᠠᠷᠠᠭ᠎ᠠ ᠶ᠋ᠢᠨ ᠣᠷᠣ ᠵᠠᠯᠭᠠᠬᠤ ᠬᠥᠮᠦᠨ ᠢ᠋ ᠨᠡᠷᠡᠯᠡᠬᠦ ᠲᠤᠬᠠᠢ ᠬᠠᠭᠠᠨ ᠡᠵᠡᠨ ᠳ᠋ᠦ᠍ ᠲᠠ ᠠᠢᠯᠠᠳᠬᠠᠬᠤ ᠤᠴᠢᠷ ᠲᠠᠢ᠃ ᠬᠠᠷᠢᠨ ᠮᠡᠬᠦᠰ ᠮᠢᠨᠦ ᠪᠣᠳᠣᠯ ᠢ᠋ᠶ᠋ᠠᠷ ᠬᠡᠷᠡᠭ ᠶᠠᠪᠤᠳᠠᠯ ᠪᠤᠷᠤᠭᠤ ᠲᠡᠢᠰᠢ ᠡᠷᠭᠢᠬᠦ ᠠᠪᠠᠰᠤ ᠲᠥᠷᠥ ᠰᠠᠮᠠᠭᠤᠷᠠᠵᠤ ᠲᠦᠮᠡᠨ ᠣᠯᠠᠨ ᠦᠢᠮᠡᠬᠦ ᠲᠤᠯᠠ ᠪᠠᠢᠳᠠᠯ ᠢ᠋ ᠬᠠᠷᠠᠵᠤ ᠰᠢᠢᠳᠪᠦᠷᠢ ᠭᠠᠷᠭᠠᠪᠠᠯ ᠶᠠᠮᠠᠷ ᠪᠣᠢ ᠭᠡᠪᠡ᠃ ᠳᠦᠷᠭᠡᠨ᠎ᠡ· ᠥᠭᠡᠳᠡᠢ ᠬᠠᠭᠠᠨ ᠳᠠᠷᠠᠭ᠎ᠠ ᠶ᠋ᠢᠨ ᠣᠷᠣ ᠵᠠᠯᠭᠠᠬᠤ ᠬᠥᠮᠦᠨ ᠢ᠋ ᠬᠦᠴᠦ ᠭᠡᠵᠦ ᠬᠡᠯᠡᠵᠦ ᠪᠠᠢᠭᠰᠠᠨ ᠴᠤ᠌ ᠬᠦᠴᠦ ᠮᠥᠩᠬᠡ ᠲᠩᠷᠢ ᠳ᠋ᠦ᠍ ᠣᠳᠴᠤ· ᠬᠠᠷᠢᠨ ᠬᠥᠶᠦᠭ ᠬᠦᠦ ᠨᠢ ᠶᠡᠬᠡ ᠮᠣᠩᠭᠣᠯ ᠤ᠋ᠨ ᠲᠥᠷᠥ ᠶ᠋ᠢ ᠤᠳᠤᠷᠢᠳᠬᠤ ᠬᠦᠴᠦᠨ ᠰᠤᠯᠠ ᠪᠠᠢᠭ᠎ᠠ ᠨᠢ ᠠᠯᠲᠠᠨ ᠤᠷᠤᠭ ᠤ᠋ᠨ ᠬᠢᠨ ᠦ᠌ ᠨᠢᠳᠦᠨ ᠦ᠌ ᠡᠮᠦᠨ᠎ᠡ ᠬᠠᠷᠠᠭᠳᠠᠭᠰᠠᠨ· ᠭᠤᠳᠠᠨ ᠪᠣᠯ ᠳᠦᠷᠭᠡᠨ᠎ᠡ ᠬᠠᠲᠤᠨ ᠠ᠋ᠴᠠ ᠲᠥᠷᠥᠭᠰᠡᠨ ᠬᠦᠦ ᠬᠡᠳᠦᠢ ᠴᠦ᠍ ᠪᠠᠭ᠎ᠠ ᠠ᠋ᠴᠠ ᠪᠠᠨ ᠡᠬᠡ ᠡᠴᠡ ᠲᠤᠰ ᠲᠤ᠌ ᠥᠰᠦᠭᠰᠡᠨ ᠲᠤᠯᠠ ᠰᠠᠨᠠᠭ᠎ᠠ ᠨᠡᠢᠯᠡᠳᠡᠭ ᠦᠭᠡᠢ ᠵᠡᠷᠭᠡ ᠶ᠋ᠢ ᠪᠤᠳᠤᠯᠴᠠᠨ ᠥᠪᠡᠷ ᠦ᠋ᠨ ᠦᠷ᠎ᠡ ᠬᠡᠦᠬᠡᠳ ᠦ᠋ᠳ ᠨᠢ ᠬᠠᠭᠠᠨ ᠣᠷᠣ ᠵᠠᠯᠭᠠᠨ ᠰᠠᠭᠤᠬᠤ ᠪᠣᠯᠤᠮᠵᠢ ᠲᠤᠩ ᠪᠠᠭ᠎ᠠ ᠪᠠᠢᠭ᠎ᠠ ᠶ᠋ᠢ ᠬᠠᠷᠠᠵᠤ ᠪᠠᠢᠪᠠ᠃ ᠳᠦᠷᠭᠡᠨ᠎ᠡ᠄
       ᠴᠢ ᠡᠭᠦᠪᠡᠷ ᠶᠠᠭᠤ ᠬᠡᠯᠡᠬᠦ ᠭᠡᠰᠡᠨ ᠶᠤᠮ ᠪᠣᠢ?  
       ᠹᠠᠲ᠋ᠢᠮᠠ ᠶ᠋ᠢᠨ ᠳᠣᠲᠣᠷ᠎ᠠ ᠶᠠᠮᠠᠷ ᠨᠢᠭᠡᠨ ᠲᠥᠯᠥᠪᠯᠡᠭᠡ ᠪᠠᠢᠭ᠎ᠠ ᠪᠣᠯᠤᠭᠠᠳ ᠡᠵᠡᠨ ᠳ᠋ᠡᠭᠡᠨ ᠠᠮᠠ ᠨᠡᠭᠡᠭᠡᠳᠡᠭ ᠨᠢᠭᠡᠨ ᠲᠤᠯᠠ ᠳᠦᠷᠭᠡᠨ᠎ᠡ ᠬᠠᠲᠤᠨ ᠡᠨᠡ ᠠᠰᠠᠭᠤᠯᠲᠠ ᠶ᠋ᠢ ᠠᠰᠠᠭᠤᠪᠠ᠃ ᠹᠠᠲ᠋ᠢᠮᠠ ᠨᠢᠳᠦ ᠪᠡᠨ ᠭᠢᠯᠠᠯᠵᠠᠭᠤᠯᠤᠨ ᠬᠠᠲᠤᠨ ᠳ᠋ᠤ᠌ ᠣᠢᠷᠠᠲᠤᠨ ᠢᠷᠡᠵᠦ·
       — ᠨᠢᠭᠡᠨᠲᠡ ᠬᠠᠭᠠᠨ ᠤ᠋ ᠶᠡᠬᠡ ᠬᠠᠲᠤᠨ ᠮᠦᠭᠡ ᠮᠥᠩᠬᠡ ᠲᠩᠷᠢ ᠳ᠋ᠦ᠍ ᠣᠳᠤᠭᠰᠠᠨ᠃ ᠪᠤᠰᠤᠳ ᠬᠠᠭᠠᠨᠲᠤ ᠲᠥᠷᠥ ᠶ᠋ᠢᠨ ᠶᠠᠪᠤᠳᠠᠯ ᠢ᠋ ᠵᠠᠰᠠᠬᠤ ᠨᠢ ᠪᠤᠤ ᠬᠡᠯᠡ ᠥᠪᠡᠷ ᠦ᠋ᠨ ᠶᠠᠪᠤᠳᠠᠯ ᠢ᠋ ᠵᠠᠰᠠᠵᠤ ᠴᠢᠳᠠᠬᠤ ᠦᠭᠡᠢ ᠨᠠᠰᠤ ᠠᠬᠢᠭᠰᠠᠨ ᠵᠡᠷᠭᠡ ᠶ᠋ᠢ ᠬᠠᠷᠠᠵᠤ ᠲᠠ ᠥᠪᠡᠷ ᠢ᠋ ᠪᠡᠨ ᠬᠠᠭᠠᠨ ᠤ᠋ ᠬᠠᠲᠤᠨ ᠭᠡᠮᠡᠨ ᠲᠠᠭᠠᠮᠠᠭᠯᠠᠬᠤ ᠨᠢ ᠵᠥᠪ ᠪᠤᠰᠤ ᠤᠤ ?    
       ᠹᠠᠲ᠋ᠢᠮᠠ ᠶ᠋ᠢᠨ ᠦᠭᠡ ᠦᠨᠡᠨ ᠪᠠᠢᠯ᠎ᠠ᠃ ᠬᠠᠭᠠᠨ ᠡᠵᠡᠨ ᠦ᠌ ᠳᠦᠷᠭᠡᠨ᠎ᠡ ᠬᠠᠲᠤᠨ ᠳ᠋ᠤ᠌ ᠣᠯᠭᠣᠭᠰᠠᠨ ᠳᠠᠪᠠᠭᠤ ᠡᠷᠬᠡ ᠶ᠋ᠢ ᠲᠡᠷᠡ ᠠᠰᠢᠭᠯᠠᠨ ᠡᠨᠡ ᠰᠢᠢᠳᠪᠦᠷᠢ ᠶ᠋ᠢ ᠭᠠᠷᠭᠠᠭᠤᠯᠵᠤ ᠪᠣᠯᠤᠨ᠎ᠠ᠃ ᠭᠡᠪᠡᠴᠦ ᠳᠦᠷᠭᠡᠨ᠎ᠡ ᠬᠠᠲᠤᠨ ᠨᠢᠭᠡᠨ ᠵᠠᠷᠤᠴᠠ ᠡᠮ᠎ᠡ ᠶ᠋ᠢᠨ ᠦᠭᠡᠨ ᠳ᠋ᠦ᠍ ᠣᠷᠣᠵᠤ ᠡᠨᠡ ᠦᠢᠯᠡᠳᠦᠯ ᠢ᠋ ᠬᠢᠬᠦ ᠬᠥᠮᠦᠨ ᠮᠥᠨ ᠤᠤ᠂ ᠲᠡᠷᠡ ᠪᠡᠷ ᠡᠵᠡᠨᠲᠦ ᠤᠯᠤᠰ ᠤ᠋ᠨ ᠬᠠᠭᠠᠨ ᠤ᠋ ᠬᠠᠲᠤᠨ᠃ ᠡᠵᠡᠨ ᠳ᠋ᠡᠭᠡᠨ ᠦᠨᠡᠨᠴᠢ ᠪᠣᠭᠣᠯ ᠤ᠋ᠨ ᠶᠣᠰᠣ ᠪᠠᠷ ᠵᠥᠪᠯᠡᠯᠭᠡ ᠪᠡᠨ ᠥᠭᠴᠦ ᠪᠠᠢᠭ᠎ᠠ ᠶ᠋ᠢ ᠮᠡᠳᠡᠵᠦ ᠪᠠᠢᠭᠰᠠᠨ  ᠴᠤ᠌ ᠳᠦᠷᠭᠡᠨ᠎ᠡ ᠬᠠᠲᠤᠨ᠄
       — ᠡᠨᠡ ᠪᠣᠯ ᠴᠢᠨᠦ ᠣᠷᠣᠯᠴᠠᠬᠤ ᠬᠡᠷᠡᠭ ᠪᠢᠰᠢ᠂ ᠬᠡᠳᠦᠢ ᠴᠢ ᠮᠢᠨᠦ ᠢᠲᠡᠭᠡᠯᠲᠦ ᠬᠥᠮᠦᠨ ᠴᠦ᠍ ᠡᠷ᠎ᠡ ᠡᠮ᠎ᠡ ᠬᠣᠶᠠᠷ ᠤ᠋ᠨ ᠬᠣᠭᠣᠷᠣᠨᠳᠣ ᠡᠢᠮᠦ ᠵᠠᠩ ᠭᠠᠷᠭᠠᠬᠤ ᠠᠪᠠᠰᠤ ᠪᠢ ᠳᠠᠬᠢᠨ ᠥᠷᠥᠰᠢᠶᠡᠬᠦ ᠦᠭᠡᠢ ᠭᠡᠵᠦ ᠵᠠᠩᠳᠤᠷᠤᠩᠭᠤᠢ ᠥᠭᠦᠯᠡᠯ᠎ᠡ᠃ ᠹᠠᠲ᠋ᠢᠮᠠ ᠬᠠᠲᠤᠨ ᠤ᠋ ᠡᠮᠦᠨ᠎ᠡ ᠭᠡᠮᠰᠢᠨ ᠪᠥᠬᠥᠢᠨ᠎ᠡ᠃
       — ᠬᠠᠷᠢᠨ ᠴᠢ ᠠᠪᠲᠤᠯ ᠷᠠᠬᠠᠮᠠᠨ  ᠢ᠋ ᠨᠠᠳᠠ ᠳᠠᠭᠤᠳᠠᠭᠤᠯᠵᠤ ᠢᠷ᠎ᠡ᠂ ᠲᠠᠲᠠᠪᠤᠷᠢ ᠬᠤᠷᠢᠶᠠᠭᠴᠢᠳ ᠤ᠋ᠨ ᠠᠬᠠᠯᠠᠭᠴᠢ ᠪᠣᠯᠭᠠᠭᠰᠠᠨ ᠴᠤ᠌ ᠲᠡᠭᠦᠨ ᠦ᠌ ᠠᠵᠢᠯ ᠮᠢᠨᠦ ᠨᠢᠳᠦᠨ ᠳᠡᠭᠡᠷ᠎ᠡ ᠬᠠᠷᠠᠭᠳᠠᠬᠤ ᠦᠭᠡᠢ ᠪᠠᠢᠨ᠎ᠠ ᠭᠡᠪᠡ᠃
       ᠬᠠᠲᠤᠨ ᠤ᠋ ᠴᠢᠷᠠᠢ ᠳ᠋ᠤ᠌ ᠲᠣᠳᠣᠷᠠᠭᠰᠠᠨ ᠪᠣᠬᠢᠮᠳᠠᠯ ᠠᠷᠢᠯᠤᠭ᠎ᠠ ᠦᠭᠡᠢ ᠪᠠᠢᠯ᠎ᠠ᠃ ᠲᠡᠷᠡ ᠹᠠᠲ᠋ᠢᠮᠠ ᠶ᠋ᠢ ᠨᠤᠬᠤᠴᠠ ᠲᠠᠢ ᠠᠵᠢᠭᠯᠠᠨ ᠬᠠᠷᠠᠵᠤ᠂
       — ᠠᠭᠤᠯᠠ ᠶ᠋ᠢᠨ ᠣᠷᠣᠢ ᠳ᠋ᠤ᠌ ᠪᠠᠢᠭ᠎ᠠ ᠬᠥᠮᠦᠨ ᠪᠦᠭᠦᠳᠡ ᠶ᠋ᠢ ᠬᠠᠷᠠᠳᠠᠭ᠂ ᠬᠠᠷᠢᠨ ᠭᠠᠭᠴᠠᠬᠠᠨ ᠵᠦᠢᠯ ᠢ᠋ ᠬᠠᠷᠠᠵᠤ ᠴᠢᠳᠠᠳᠠᠭ ᠦᠭᠡᠢ ᠨᠢ ᠥᠪᠡᠷ ᠦ᠋ᠨ ᠪᠡᠶ᠎ᠡ᠂ ᠠᠭᠤᠯᠠ ᠶ᠋ᠢᠨ ᠪᠠᠯ ᠳ᠋ᠤ᠌ ᠪᠠᠢᠭ᠎ᠠ ᠬᠥᠮᠦᠨ ᠪᠦᠭᠦᠳᠡ ᠶ᠋ᠢ ᠬᠠᠷᠠᠵᠤ ᠴᠢᠳᠠᠳᠠᠭ ᠦᠭᠡᠢ ᠴᠦ᠍ ᠠᠭᠤᠯᠠ ᠶ᠋ᠢᠨ ᠣᠷᠣᠢ ᠶ᠋ᠢ ᠬᠠᠷᠠᠵᠤ ᠪᠠᠢᠳᠠᠭ᠃ ᠨᠠᠷᠠ ᠮᠠᠨᠳᠤᠬᠤ ᠳ᠋ᠤ᠌ ᠠᠭᠤᠯᠠ ᠶ᠋ᠢᠨ ᠣᠷᠣᠢ ᠳ᠋ᠤ᠌ ᠡᠬᠢᠯᠡᠵᠦ ᠲᠣᠰᠳᠠᠭ᠂ ᠨᠠᠷᠠ ᠵᠢᠷᠭᠠᠬᠤ ᠳ᠋ᠤ᠌ ᠠᠭᠤᠯᠠ ᠶ᠋ᠢᠨ ᠣᠷᠣᠢ ᠶ᠋ᠢ ᠬᠡᠷᠡᠯᠳᠦᠭᠦᠯᠦᠭᠡᠳ ᠣᠳᠳᠠᠭ ᠭᠡᠵᠦ ᠬᠡᠯᠡᠯ᠎ᠡ᠃
    ᠬᠠᠲᠤᠨ ᠤ᠋ ᠡᠨᠡ ᠦᠭᠡ ᠨᠢ  ᠹᠠᠲ᠋ᠢᠮᠠ ᠶ᠋ᠢ ᠳᠠᠩᠳᠠᠭᠰᠠᠨ ᠬᠡᠳᠦᠢ ᠴᠦ᠍ ᠨᠥᠭᠦᠭᠡ ᠲᠠᠯ᠎ᠠ ᠪᠠᠷ ᠲᠡᠭᠦᠨ ᠳ᠋ᠦ᠍ ᠬᠡᠨ ᠪᠣᠯᠬᠤ ᠶ᠋ᠢ ᠨᠢ ᠰᠠᠨᠠᠭᠤᠯᠵᠤ ᠬᠡᠯᠡᠭᠰᠡᠨ ᠦᠭᠡ ᠪᠠᠢᠪᠠ᠃ ᠬᠠᠭᠠᠳ ᠬᠠᠲᠤᠳ᠂ ᠶᠡᠬᠡᠰ ᠳᠡᠭᠡᠳᠦᠰ ᠪᠢᠳᠡ ᠠᠭᠤᠯᠠ ᠶ᠋ᠢᠨ ᠣᠷᠣᠢ ᠳ᠋ᠤ᠌ ᠪᠠᠢᠵᠤ ᠪᠦᠭᠦᠳᠡ ᠶ᠋ᠢ ᠬᠠᠷᠠᠳᠠᠭ᠃ ᠬᠠᠷᠢᠨ ᠲᠠ ᠨᠠᠷ ᠠᠭᠤᠯᠠ ᠶ᠋ᠢᠨ ᠪᠠᠯ ᠠ᠋ᠴᠠ ᠪᠢᠳᠡᠨ ᠢ᠋ ᠬᠠᠷᠠᠳᠠᠭ᠃ ᠨᠠᠷᠠ ᠬᠦᠷᠲᠡᠯ᠎ᠡ ᠪᠢᠳᠡᠨ ᠳᠡᠭᠡᠷ᠎ᠡ ᠲᠣᠰᠴᠤ᠂ ᠰᠡᠭᠦᠯᠴᠢ ᠶ᠋ᠢᠨ ᠲᠤᠶᠠᠭ᠎ᠠ ᠪᠠᠨ ᠴᠤ᠌ ᠢᠯᠡᠭᠡᠳᠡᠭ ᠭᠡᠰᠡᠨ ᠰᠠᠨᠠᠭ᠎ᠠ ᠶᠤᠮ᠃ ᠬᠡᠳᠦᠢᠪᠡᠷ ᠹᠠᠲ᠋ᠢᠮᠠ ᠶ᠋ᠢᠨ ᠦᠭᠡ ᠪᠡᠷ ᠰᠢᠢᠳᠴᠦ ᠪᠣᠢ ᠬᠡᠷᠡᠭ ᠪᠢᠰᠢ ᠭᠡᠳᠡᠭ ᠢ᠋ᠶ᠋ᠡᠨ ᠣᠢᠯᠠᠭᠤᠯᠤᠭᠰᠠᠨ ᠴᠤ᠌ ᠡᠨᠡ ᠶᠠᠪᠤᠳᠠᠯ ᠠ᠋ᠴᠠ ᠬᠣᠢᠰᠢ ᠬᠡᠳᠦᠨ ᠡᠳᠦᠷ ᠦ᠋ᠨ ᠳᠠᠷᠠᠭ᠎ᠠ ᠳᠦᠷᠭᠡᠨ᠎ᠡ ᠬᠠᠲᠤᠨ ᠥᠭᠡᠳᠡᠢ ᠬᠠᠭᠠᠨ ᠳ᠋ᠤ᠌ ᠪᠠᠷᠠᠯᠬᠠᠨ ᠥᠪᠡᠷ ᠦ᠋ᠨ ᠬᠦᠰᠡᠯᠲᠡ ᠪᠡᠨ ᠤᠯᠠᠮᠵᠢᠯᠠᠵᠠᠢ᠃ ᠬᠠᠭᠠᠨ ᠡᠵᠡᠨ ᠳᠦᠷᠭᠡᠨ᠎ᠡ ᠶ᠋ᠢᠨ ᠦᠭᠡ ᠶ᠋ᠢ ᠰᠣᠨᠣᠰᠤᠭᠠᠳ᠂
    —  ᠶᠡᠬᠡ ᠪᠠᠭ᠎ᠠ ᠶ᠋ᠢᠨ ᠢᠯᠭᠠᠭ᠎ᠠ ᠶᠠᠭᠤ ᠪᠠᠢᠨ᠎ᠠ᠃ ᠬᠡᠷᠪᠡ ᠴᠢ ᠬᠦᠰᠡᠵᠦ ᠪᠠᠢᠭ᠎ᠠ ᠪᠣᠯ ᠪᠢ ᠴᠢᠮ᠎ᠠ ᠳ᠋ᠤ᠌ ᠡᠷᠬᠡ ᠶ᠋ᠢ ᠨᠢ ᠥᠭᠭᠦᠭᠰᠡᠨ ᠲᠤᠯᠠ ᠥᠪᠡᠷ ᠢ᠋ᠶ᠋ᠡᠨ ᠰᠢᠢᠳ ᠭᠡᠵᠦ ᠬᠡᠯᠡᠵᠡᠢ᠃ ᠬᠠᠭᠠᠨ ᠡᠵᠡᠨ ᠳ᠋ᠦ᠍ ᠪᠣᠯ ᠡᠨᠡ ᠰᠢᠢᠳᠪᠦᠷᠢ ᠲᠡᠢᠮᠦ ᠴᠦ᠍ ᠴᠢᠬᠤᠯᠠ ᠪᠢᠰᠢ ᠪᠣᠯᠪᠠᠴᠤ ᠬᠠᠷᠢᠨ ᠳᠦᠷᠭᠡᠨ᠎ᠡ ᠬᠠᠲᠤᠨ ᠳ᠋ᠤ᠌ ᠪᠣᠯ ᠴᠢᠬᠤᠯᠠ ᠠ᠋ᠴᠠ ᠴᠢᠬᠤᠯᠠ᠂ ᠣᠨᠴᠠᠭᠠᠢ ᠡᠷᠬᠡ ᠮᠠᠲᠠᠯ ᠢ᠋ ᠠᠪᠴᠤ ᠢᠷᠡᠬᠦ ᠪᠠᠢᠭᠰᠠᠨ ᠲᠤᠯᠠ ᠲᠤᠩ ᠤᠳᠠᠯ ᠦᠭᠡᠢ ᠬᠠᠭᠠᠨ ᠤ᠋ ᠠᠯᠪᠠᠲᠤ ᠠᠷᠠᠳ ᠣᠯᠠᠨ ᠢ᠋ ᠴᠤᠭᠯᠠᠭᠤᠯᠤᠨ ᠥᠪᠡᠷ ᠦ᠋ᠨ ᠨᠡᠷ᠎ᠡ ᠶ᠋ᠢ《ᠳᠦᠷᠭᠡᠨ᠎ᠡ ᠶᠡᠬᠡ ᠬᠠᠲᠤᠨ》 ᠭᠡᠮᠡᠨ ᠪᠢᠴᠢᠭᠡᠳ ᠥᠭᠡᠳᠡᠢ ᠬᠠᠭᠠᠨ ᠤ᠋ ᠲᠠᠮᠠᠭ᠎ᠠ ᠶ᠋ᠢ ᠳᠠᠷᠤᠭᠤᠯᠪᠠ᠃ ᠡᠨᠡ ᠡᠳᠦᠷ ᠡᠴᠡ ᠬᠣᠢᠰᠢ ᠳᠦᠷᠭᠡᠨ᠎ᠡ ᠬᠠᠲᠤᠨ᠂ ᠶᠡᠬᠡ ᠬᠠᠲᠤᠨ ᠪᠣᠯᠤᠯ᠎ᠠ᠃ ᠡᠨᠡ ᠰᠢᠢᠳᠪᠦᠷᠢ ᠶ᠋ᠢ ᠬᠡᠨ ᠴᠦ᠍ ᠵᠥᠷᠢᠴᠡᠭᠰᠡᠨ ᠦᠭᠡᠢ᠂ ᠤᠴᠢᠷ ᠨᠢ ᠬᠠᠭᠠᠨ ᠤ᠋ ᠬᠠᠲᠤᠳ ᠤ᠋ᠨ ᠳᠣᠲᠣᠷ᠎ᠠ ᠠ᠋ᠴᠠ ᠶᠡᠬᠡ ᠬᠠᠲᠤᠨ ᠪᠠᠢᠬᠤ ᠬᠦᠨᠳᠦᠲᠡᠢ ᠡᠭᠦᠷᠭᠡ ᠶ᠋ᠢ ᠬᠦᠯᠢᠶᠡᠵᠦ ᠴᠢᠳᠠᠬᠤ ᠬᠥᠮᠦᠨ ᠪᠣᠯ ᠳᠦᠷᠭᠡᠨ᠎ᠡ ᠮᠥᠨ ᠡᠴᠡ ᠮᠥᠨ ᠪᠠᠢᠯ᠎ᠠ᠃
*
   ᠤᠯᠤᠰ ᠤ᠋ᠨ ᠶᠡᠬᠡ ᠬᠠᠲᠤᠨ ᠳᠦᠷᠭᠡᠨ᠎ᠡ ᠶ᠋ᠢᠨ ᠤᠷᠲᠤ ᠦᠷᠭᠦᠭᠡᠨ ᠦ᠌ ᠣᠢᠷᠠᠯᠴᠠᠭ᠎ᠠ ᠬᠠᠷᠢ ᠵᠢᠰᠦᠨ ᠦ᠌ ᠬᠣᠶᠠᠷ ᠬᠥᠮᠦᠨ ᠬᠣᠭᠣᠷᠣᠨᠳᠣ ᠪᠠᠨ ᠶᠠᠷᠢᠯᠴᠠᠨ ᠪᠠᠢᠯ᠎ᠠ᠃ ᠤᠷᠲᠤ ᠴᠢᠬᠢ ᠲᠡᠢ ᠬᠠᠲᠤᠨ ᠤ᠋ ᠪᠤᠰᠤᠳ ᠳᠠᠭᠠᠭᠤᠯ ᠤ᠋ᠳ ᠲᠤ᠌ ᠰᠣᠨᠣᠰᠬᠠᠬᠤ ᠦᠭᠡᠢ ᠭᠡᠰᠡᠨ ᠳ᠋ᠡᠭᠡᠨ ᠲᠡᠳᠡ ᠠᠶᠠᠷᠬᠠᠨ ᠶᠠᠷᠢᠵᠤ ᠪᠠᠢᠪᠠ᠃ ᠹᠠᠲ᠋ᠢᠮᠠ ᠠᠪᠲᠤᠯ ᠷᠠᠬᠠᠮᠠᠨ ᠤ᠋ ᠴᠢᠬᠢᠨ ᠳ᠋ᠦ᠍᠂
   —  ᠬᠠᠲᠤᠨ ᠬᠢᠯᠢᠩ ᠲᠡᠢ ᠪᠠᠢᠭ᠎ᠠ᠃ ᠪᠢ ᠲᠡᠭᠦᠨ ᠦ᠌ ᠠᠭᠤᠷ ᠢ᠋ ᠬᠦᠷᠭᠡᠬᠦ ᠰᠢᠭ ᠪᠣᠯᠤᠯ᠎ᠠ᠃ ᠣᠳᠣ ᠬᠠᠷᠢᠨ ᠴᠢ ᠬᠡᠯᠡᠬᠦ ᠦᠭᠡ ᠪᠡᠨ ᠴᠡᠨᠡᠵᠦ ᠪᠣᠳᠣᠯ ᠲᠠᠢ ᠣᠷᠣᠬᠤ ᠦᠭᠡᠢ ᠪᠣᠯ ᠲᠡᠷᠡ                         —  ᠳᠦᠷᠭᠡᠨ᠎ᠡ ᠬᠠᠲᠤᠨ ᠮᠡᠳᠡᠬᠦ ᠤᠴᠢᠷ ᠦᠭᠡᠢ᠂ ᠪᠢ ᠶᠡᠬᠡᠰ ᠳᠡᠭᠡᠳᠦᠰ ᠦ᠋ᠨ ᠠᠷᠭ᠎ᠠ ᠡᠪ ᠢ᠋ ᠣᠯᠵᠤ ᠴᠢᠳᠠᠳᠠᠭ᠃ ᠴᠢ ᠡᠭᠦᠨ ᠢ᠋ ᠮᠡᠳᠡᠨ᠎ᠡ᠃ ᠲᠡᠢᠮᠦ ᠡᠴᠡ ᠡᠨᠳᠡ ᠰᠠᠨᠠᠭ᠎ᠠ ᠵᠣᠪᠠᠬᠤ ᠬᠡᠷᠡᠭ ᠦᠭᠡᠢ᠂ ᠶᠠᠮᠠᠷ ᠴᠤ᠌ ᠤᠯᠤᠰ ᠢ᠋ ᠡᠵᠡᠯᠡᠬᠦ ᠳ᠋ᠦ᠍ ᠬᠠᠭᠠᠨ ᠢ᠋ ᠨᠢ ᠪᠢᠰᠢ᠂ ᠠᠷᠠᠳ ᠲᠦᠮᠡᠨ ᠢ᠋ ᠨᠢ ᠵᠣᠪᠠᠭᠠᠬᠤ ᠬᠡᠷᠡᠭᠲᠡᠢ᠃ ᠲᠡᠭᠡᠪᠡᠯ ᠠᠷᠠᠳ ᠲᠦᠮᠡᠨ ᠥᠪᠡᠷᠰᠡᠳ ᠢ᠋ᠶ᠋ᠡᠨ ᠬᠠᠭᠠᠨ ᠢ᠋ᠶ᠋ᠠᠨ ᠤᠨᠠᠭᠠᠳᠠᠭ ᠶᠤᠮ ᠃ ᠬᠠᠭᠠᠨ ᠦᠭᠡᠢ ᠤᠯᠤᠰ ᠬᠣᠨᠢᠴᠢᠨ ᠦᠭᠡᠢ ᠬᠣᠨᠢᠨ ᠰᠦᠷᠦᠭ ᠡᠴᠡ ᠢᠯᠭᠠᠭ᠎ᠠ ᠦᠭᠡᠢ᠃ ᠨᠠᠳᠠ ᠳ᠋ᠤ᠌ ᠬᠡᠳᠦᠢᠨ ᠰᠠᠨᠠᠭ᠎ᠠ ᠪᠠᠢᠨ᠎ᠠ᠂ ᠪᠢ ᠬᠠᠲᠤᠨ ᠤ᠋ ᠬᠢᠯᠢᠩ ᠢ᠋ ᠥᠭᠡᠷ᠎ᠡ ᠲᠠᠢᠰᠢ ᠬᠠᠨᠳᠤᠭᠤᠯᠬᠤ ᠪᠣᠯᠤᠨ᠎ᠠ ᠬᠡᠮᠡᠭᠡᠳ ᠠᠪᠲᠤᠯ ᠷᠠᠬᠠᠮᠠᠨ ᠳᠦᠷᠭᠡᠨ᠎ᠡ ᠬᠠᠲᠤᠨ ᠤ᠋ ᠥᠷᠭᠥᠭᠡ ᠤᠷᠤᠭᠤ ᠥᠪᠡᠷ ᠲᠡᠭᠡᠨ ᠢᠲᠡᠭᠡᠯ ᠲᠡᠢ᠂ ᠶᠡᠬᠡᠮᠰᠦᠭ ᠶ᠋ᠢᠡᠷ ᠶᠠᠪᠤᠵᠤ ᠣᠷᠣᠯ᠎ᠠ᠃ ᠲᠡᠷᠡ ᠪᠡᠷ᠄
       — ᠬᠠᠲᠤᠨᠲᠠᠨ ᠲᠠᠨ ‍ᠤ ᠳᠠᠭᠤᠳᠠᠭᠤᠯᠤᠭᠰᠠᠨ ᠶᠣᠰᠣ ᠪᠠᠷ ᠠᠪᠲᠤᠯ ᠷᠠᠭᠮᠠᠨ ᠪᠢ  ᠪᠠᠷᠠᠯᠬᠠᠨ ᠢᠷᠡᠯ᠎ᠡ ᠬᠡᠮᠡᠨ ᠬᠠᠲᠤᠨ ‍ᠤ ᠡᠮᠦᠨ᠎ᠡ ᠰᠥᠬᠥᠷᠡᠨ ᠰᠠᠭᠤᠪᠠ᠃ ᠬᠦᠨᠳᠦᠳᠬᠡᠯ ᠢᠯᠡᠷᠬᠡᠶ᠋ᠢᠯᠡᠨ ᠪᠤᠢ ᠬᠤᠳᠠᠯᠳᠤᠭᠠᠴᠢᠨ ᠡᠷ᠎ᠡ ᠶᠢ ᠬᠠᠷᠠᠵᠤ  ᠰᠠᠭᠤᠭ᠎ᠠ  ᠲᠦᠷᠭᠡᠨ᠎ᠡ ᠬᠠᠲᠤᠨ ᠶᠡᠬᠡᠳᠡ ᠠᠭᠤᠷ ᠲᠠᠢ ᠪᠠᠶ᠋ᠢᠯ᠎ᠠ᠃
       — ᠬᠠᠭᠠᠨ ‍ᠤ  ᠰᠠᠩ  ᠢ ᠠᠷᠪᠢᠵᠢᠭᠤᠯᠵᠤ᠂  ᠬᠠᠮᠤᠭ ᠲᠤᠶ᠋ᠢᠳᠬᠡᠷ ᠢ ᠠᠷᠢᠯᠭᠠᠨ᠎ᠠ ᠭᠡᠵᠦ ᠬᠡᠯᠡᠴᠢᠬᠡᠭᠡᠳ  ᠥᠨᠥ ᠪᠣᠯᠲᠠᠯ᠎ᠠ ᠶᠠᠭᠤ ᠬᠢᠭᠰᠡᠨ ᠢ ᠴᠢᠨᠢ ᠪᠢ ᠣᠯᠵᠤ ᠬᠠᠷᠠᠭᠰᠠᠨ ᠦᠭᠡᠢ ᠭᠡᠬᠥ ᠳᠤ ᠠᠪᠳᠤᠯ ᠷᠠᠬᠠᠮᠠᠨ ᠬᠡᠷᠡᠭ ᠪᠢᠰᠢᠳᠡᠵᠦ ᠪᠠᠶ᠋ᠢᠭ᠎ᠠ ᠶᠢ ᠠᠩᠵᠠᠭᠠᠷᠠᠭᠰᠠᠨ ᠪᠣᠯᠤᠯᠲᠠᠢ ᠳᠣᠭᠣᠭᠰᠢ ᠬᠠᠷᠠᠨ ᠰᠠᠭᠤᠬᠤ ᠠᠵᠠᠢ᠃
       —  ᠬᠠᠲᠤᠨ ᠮᠢᠨᠢ᠃ ᠬᠡᠳᠦᠢ ᠪᠢ ᠲᠠᠲᠠᠪᠤᠷᠢ ᠬᠤᠷᠢᠶᠠᠭᠴᠢᠳ ᠢ ᠥᠪᠡᠷ ᠤᠨ ᠭᠠᠷ ᠲᠤ ᠪᠠᠷᠢᠵᠤ᠂ ᠬᠠᠭᠠᠨ ‍ᠤ ᠲᠥᠯᠤᠭᠡ ᠤᠶ᠋ᠢᠯᠡᠴᠢᠯᠡᠵᠤ ᠪᠠᠶ᠋ᠢᠭ᠎ᠠ  ᠴᠤ᠌ ᠮᠢᠨᠤ ᠬᠢᠷᠢ ᠡᠴᠡ ᠬᠡᠳᠤᠷᠡᠭᠰᠡᠨ ᠵᠤᠶ᠋ᠢᠯ ᠪᠣᠯᠤᠭᠠᠳ ᠪᠠᠶ᠋ᠢᠭ᠎ᠠ ᠲᠤᠯᠠ ᠬᠠᠲᠤᠨ ‍ᠤ ᠢᠳᠡᠭᠡᠯ ᠢ ᠠᠯᠳᠠᠬᠤ ᠳᠤ ᠬᠦᠷᠦᠭᠡᠳ ᠪᠠᠶ᠋ᠢᠨ᠎ᠠ ᠭᠡᠪᠡ᠃
       —  ᠬᠢᠷᠢ ᠡᠴᠡ ᠬᠡᠳᠤᠷᠡᠭᠰᠡᠨ ᠵᠤᠶ᠋ᠢᠯ ᠭᠡᠵᠦ ᠶᠠᠭᠤ ᠶᠢ ᠬᠡᠯᠡᠨ᠎ᠡ ᠴᠢ?
    —  ᠮᠢᠨᠦ ᠥᠭᠡᠳᠡ ᠡᠴᠡ ᠰᠦᠷᠥᠭᠰᠡᠨ ᠬᠥᠮᠤᠨ ᠢ ᠲᠥᠷᠥ ᠶᠢᠨ ᠰᠢᠭᠥᠬᠥ ᠶᠢᠨ ᠡᠮᠦᠨ᠎ᠡ ᠠᠪᠴᠤ ᠢᠷᠡᠯ᠎ᠡ  ᠴᠤ᠌ ᠤᠯᠤᠰ ᠤᠨ ᠳᠡᠭᠡᠳᠦ ᠵᠠᠷᠭᠤᠴᠢ ᠲᠠᠯᠪᠢᠨ ᠶᠠᠪᠤᠭᠤᠯᠵᠤ ᠪᠠᠶ᠋ᠢᠭ᠎ᠠ ᠲᠤᠯᠠ ᠲᠡᠷᠡ ᠬᠥᠮᠦᠰ ᠨᠤᠲᠤᠭ ᠣᠷᠣᠨ ᠳᠠᠭᠠᠨ ᠪᠤᠴᠠᠨ ᠣᠴᠢᠵᠤ᠂ ᠠᠬᠢᠨ ᠥᠪᠡᠷ ᠤᠨ ᠳᠤᠷ᠎ᠠ ᠪᠠᠷ ᠠᠪᠤᠷᠢᠯᠠᠭᠠᠳ ᠪᠠᠶ᠋ᠢᠭ᠎ᠠ ᠤᠴᠢᠷ ᠡᠨᠡ ᠬᠡᠷᠡᠭ ᠰᠤᠨᠵᠢᠷᠠᠭᠰᠠᠭᠠᠷ ᠪᠠᠶ᠋ᠢᠨ᠎ᠠ ᠭᠡᠪᠡ᠃
    —  ᠤᠯᠤᠰ ᠤᠨ ᠳᠡᠭᠡᠳᠦ ᠵᠠᠷᠭᠤᠴᠢ ᠭᠡᠨ᠎ᠡ?
       — ᠮᠠᠬᠠᠮᠦ᠋ᠳ᠋ ᠶᠡᠯᠡᠸᠠᠴᠢ  ᠲᠡᠷᠡ ᠬᠥᠮᠦᠰ ᠤᠨ ᠬᠡᠷᠡᠭ ᠢ ᠰᠢᠭᠥᠨ ᠬᠡᠯᠡᠯᠴᠡᠭᠡᠳ ᠲᠠᠯᠪᠢᠨ ᠶᠠᠪᠤᠭᠤᠯᠵᠤ ᠪᠠᠶ᠋ᠢᠭ᠎ᠠ ᠲᠤᠯᠠ ᠮᠡᠬᠦᠰ ᠪᠢ ᠬᠢᠷᠬᠢᠬᠥ ᠪᠢᠯᠡ᠃ ᠲᠡᠭᠦᠨ ‍ᠦ ᠡᠷᠬᠡ ᠮᠡᠳᠡᠯ ᠤᠨ ᠡᠮᠦᠨ᠎ᠡ ᠮᠢᠨᠦ ᠬᠦᠴᠦ ᠳᠤᠲᠠᠵᠤ ᠪᠠᠶ᠋ᠢᠨ᠎ᠠ ᠭᠡᠪᠡ᠃
       ᠠᠪᠳᠤᠯ ᠷᠠᠬᠠᠮᠠᠨ ‍ᠤ ᠦᠭᠡ ᠶᠢ ᠰᠣᠨᠣᠰᠤᠭᠠᠳ ᠬᠠᠳᠤᠨᠳᠠᠨ ‍ᠤ ᠴᠢᠷᠡᠢ ᠪᠠᠷᠤᠶ᠋ᠢᠭᠠᠳ ᠶᠠᠪᠤᠴᠢᠬᠠᠯ᠎ᠠ᠃ ᠲᠡᠭᠡᠭᠰᠡᠨ ᠢᠶᠡᠨ ᠨᠢᠭᠡ ᠶᠢ ᠪᠣᠳᠣᠪᠠ ᠪᠣᠯᠤᠯᠲᠠᠢ᠂ ᠴᠢᠷᠡᠢ ᠳᠤᠨᠢ ᠥᠯᠤ ᠮᠡᠳᠡᠭ ᠪᠠᠶᠠᠷ ᠲᠣᠳᠣᠷᠠᠭᠠᠳ᠄
       — ᠴᠢᠨᠦ ᠡᠷᠬᠡ ᠮᠡᠳᠡᠯ ᠳᠤᠲᠠᠭᠠᠳ ᠪᠠᠶ᠋ᠢᠭ᠎ᠠ ᠶᠤᠮ ᠪᠢᠵᠡ ᠳ᠋ᠠ᠂ ᠡᠨᠡ ᠬᠡᠷᠡᠭ ᠢ ᠪᠢ ᠰᠢᠢᠳᠬᠥ ᠦᠭᠡᠢ ᠴᠤ᠌ ᠴᠢᠮᠠᠶ᠋ᠢ ᠬᠠᠭᠠᠨ ᠡᠵᠡᠨ ᠳᠦ ᠪᠠᠷᠠᠯᠬᠠᠭᠤᠯᠵᠤ ᠬᠠᠮᠤᠭ ᠬᠡᠷᠡᠭ ᠢ᠋ ᠵᠠᠬᠢᠷᠬᠤ ᠰᠠᠭᠤᠳᠠᠯ ᠳ᠋ᠤ᠌ ᠰᠠᠭᠤᠯᠭᠠᠵᠤ ᠴᠢᠳᠠᠨ᠎ᠠ ᠠᠪᠲᠤᠯ ᠷᠠᠬᠠᠮᠠᠨ ᠦᠷᠭᠦᠭᠡᠨ ᠦ᠌ ᠭᠠᠳᠠᠭ᠎ᠠ ᠹᠠᠲ᠋ᠢᠮᠠ ᠳ᠋ᠤ᠌ ᠬᠡᠯᠡᠵᠦ ᠪᠠᠢᠭᠰᠠᠨ《ᠪᠢ ᠬᠠᠲᠤᠨ ᠤ᠋ ᠬᠢᠯᠢᠩ ᠢ᠋ ᠥᠭᠡᠷ᠎ᠡ ᠵᠦᠭ ᠲᠦ᠍ ᠬᠠᠨᠳᠤᠭᠤᠯᠬᠤ ᠪᠣᠯᠤᠨ᠎ᠠ》ᠭᠡᠰᠡᠨ ᠦᠭᠡ ᠵᠠᠬ᠎ᠠ ᠠ᠋ᠴᠠ ᠪᠠᠨ ᠪᠡᠶᠡᠯᠡᠯ ᠢ᠋ᠶ᠋ᠡᠨ ᠣᠯᠵᠤ ᠪᠣᠢ ᠶ᠋ᠢ ᠳᠣᠲᠣᠷ᠎ᠠ ᠪᠠᠨ ᠮᠡᠳᠡᠷᠡᠵᠦ ᠪᠠᠢᠪᠠ᠃ ᠬᠠᠲᠤᠨ ᠦᠷᠭᠦᠯᠵᠢᠯᠡᠭᠦᠯᠦᠨ᠂
       — ᠬᠠᠭᠠᠨ ᠡᠵᠡᠨ ᠲᠡᠢ ᠣᠢᠷᠠᠳᠬᠤ ᠬᠠᠮᠤᠭ ᠤ᠋ᠨ ᠰᠠᠢᠬᠠᠨ ᠢᠳᠡᠭᠡ ᠪᠣᠯ ᠪᠣᠷᠣ ᠳᠠᠷᠠᠰᠤ᠂ ᠥᠪᠡᠷ ᠦ᠋ᠨ ᠨᠤᠲᠤᠭ ᠤ᠋ᠨ ᠵᠢᠮᠢᠰᠦᠨ ᠦ᠌ ᠰᠠᠢᠬᠠᠨ ᠳᠠᠷᠠᠰᠤ ᠶ᠋ᠢ ᠤᠷᠢᠳ ᠢ᠋ᠶ᠋ᠠᠷ ᠪᠡᠯᠡᠳ᠃ ᠬᠠᠷᠢᠨ ᠬᠠᠭᠠᠨ ᠤ᠋ ᠪᠡᠶ᠎ᠡ ᠴᠢᠯᠡᠭᠡᠷᠬᠡᠦ ᠪᠠᠢᠭ᠎ᠠ ᠲᠤᠯᠠ ᠴᠢ ᠤᠳᠠᠭᠠᠨ ᠠᠭᠤᠯᠵᠠᠵᠤ ᠴᠢᠳᠠᠬᠤ ᠦᠭᠡᠢ᠃ ᠬᠠᠭᠠᠨ ᠡᠵᠡᠨ ᠲᠡᠢ ᠣᠢᠷᠠᠳᠬᠤ ᠦᠶ᠎ᠡ ᠳ᠋ᠦ᠍ ᠲᠡᠭᠦᠨ ᠦ᠌ ᠡᠮᠦᠨ᠎ᠡ ᠥᠪᠡᠷ ᠦ᠋ᠨ ᠨᠡᠷ᠎ᠡ ᠶ᠋ᠢ ᠣᠯᠬᠤ ᠵᠦᠢᠯ ᠢ᠋ᠶ᠋ᠡᠨ ᠴᠢ ᠥᠪᠡᠷ ᠢ᠋ᠶ᠋ᠡᠨ ᠬᠢ᠂ ᠡᠨᠡ ᠪᠣᠯ ᠴᠢᠨᠦ ᠡᠮᠦᠨ᠎ᠡ ᠭᠠᠷᠴᠤ ᠪᠠᠢᠭ᠎ᠠ ᠬᠠᠮᠤᠭ ᠤ᠋ᠨ ᠰᠡᠭᠦᠯᠴᠢ ᠶ᠋ᠢᠨ ᠪᠣᠯᠤᠮᠵᠢ ᠴᠢᠨᠢ ᠪᠠᠢᠬᠤ ᠪᠣᠯᠤᠨ᠎ᠠ᠃ ᠬᠡᠷᠪᠡ ᠬᠠᠭᠠᠨ ᠤ᠋ ᠰᠡᠳᠬᠢᠯ ᠢ᠋ ᠲᠠᠲᠠᠵᠤ ᠴᠢᠳᠠᠬᠤ ᠦᠭᠡᠢ ᠳ᠋ᠦ᠍ ᠬᠦᠷᠪᠡᠯ ᠪᠢ ᠴᠢᠨᠦ ᠬᠠᠷ᠎ᠠ ᠲᠣᠯᠣᠭᠠᠢ ᠶ᠋ᠢ ᠠᠪᠬᠤ ᠪᠣᠯᠤᠨ᠎ᠠ ᠭᠡᠵᠦ ᠬᠡᠯᠡᠯ᠎ᠡ᠃ 
       ᠠᠪᠲᠤᠯ ᠷᠠᠬᠠᠮᠠᠨ ᠢ᠋ ᠭᠠᠷᠴᠤ ᠶᠠᠪᠤᠬᠤ ᠶ᠋ᠢ ᠵᠥᠪᠰᠢᠶᠡᠷᠡᠭᠡᠳ ᠳᠦᠷᠭᠡᠨ᠎ᠡ ᠬᠠᠲᠤᠨ ᠤᠯᠤᠰ ᠤ᠋ᠨ ᠳᠡᠭᠡᠳᠦ ᠰᠢᠭᠦᠭᠴᠢ ᠮᠠᠬᠠᠮᠥ᠋ᠳ᠋ ᠶᠠᠯᠠᠸᠠᠴᠢ ᠶ᠋ᠢ ᠳᠠᠭᠤᠳᠠᠨ ᠢᠷᠡᠭᠦᠯᠬᠦ ᠵᠠᠷᠯᠢᠭ ᠪᠠᠭᠤᠯᠭᠠᠪᠠ᠃ ᠳᠠᠷᠠᠭᠠᠬᠠᠨ ᠨᠢ ᠮᠠᠬᠠᠮᠥ᠋ᠳ᠋ ᠶᠠᠯᠠᠸᠠᠴᠢ ᠬᠠᠲᠤᠨ ᠤ᠋ ᠦᠷᠭᠦᠭᠡᠨ ᠳ᠋ᠦ᠍ ᠬᠦᠷᠦᠯᠴᠡᠨ ᠢᠷᠡᠪᠡ᠃
       — ᠮᠠᠬᠠᠮᠥ᠋ᠳ᠋ ᠶᠠᠯᠠᠸᠠᠴᠢ ᠴᠢ ᠤᠯᠤᠰ ᠤ᠋ᠨ ᠶᠡᠬᠡ ᠵᠠᠷᠭᠤᠴᠢ ᠬᠢᠷᠢᠨ᠎ᠡ ᠬᠠᠭᠠᠨ ᠤ᠋ ᠨᠡᠷ᠎ᠡ ᠰᠦᠷ ᠢ᠋ ᠪᠠᠷᠢᠨ ᠶᠠᠪᠤᠬᠤ ᠯᠤᠢᠪᠠᠷᠴᠢᠳ ᠠ᠋ᠴᠠ ᠲᠥᠷᠥ ᠤᠯᠤᠰ ᠢ᠋ᠶ᠋ᠠᠨ ᠬᠠᠮᠠᠭᠠᠯᠠᠵᠤ ᠴᠢᠳᠠᠬᠤ ᠦᠭᠡᠢ ᠲᠠᠯᠪᠢᠨ ᠶᠠᠪᠤᠭᠤᠯᠵᠤ ᠪᠠᠢᠭ᠎ᠠ ᠨᠢ ᠶᠠᠭᠤᠨ ᠤ᠋ ᠤᠴᠢᠷ ᠪᠣᠢ ᠭᠡᠬᠦ ᠳ᠋ᠦ᠍ ᠬᠠᠭᠠᠨ ᠡᠵᠡᠨ ᠡᠴᠡ ᠢᠯᠡᠭᠦᠦ ᠪᠡᠷ ᠶᠠᠯ᠎ᠠ ᠠᠰᠠᠭᠤᠬᠤ ᠮᠡᠲᠦ ᠵᠠᠩᠳᠤᠷᠤᠨ ᠪᠣᠢ ᠬᠠᠲᠤᠨ ᠤ᠋ ᠡᠮᠦᠨ᠎ᠡ ᠵᠣᠭᠰᠣᠬᠤ ᠮᠠᠬᠠᠮᠥ᠋ᠳ᠋ ᠶᠠᠯᠠᠸᠠᠴᠢ᠂ 
    — ᠶᠡᠬᠡ ᠡᠵᠡᠨ ᠥᠭᠡᠳᠡᠢ ᠬᠠᠭᠠᠨ ᠵᠠᠷᠯᠢᠭ ᠪᠠᠭᠤᠯᠭᠠᠨ ᠨᠠᠮᠠᠶ᠋ᠢ ᠤᠯᠤᠰ ᠤ᠋ᠨ ᠳᠡᠭᠡᠳᠦ ᠵᠠᠷᠭᠤᠴᠢ ᠪᠠᠷ ᠲᠣᠮᠢᠯᠠᠭᠰᠠᠨ᠂ ᠪᠢ ᠬᠠᠭᠠᠨ ᠤ᠋ ᠢᠲᠡᠭᠡᠯ ᠢ᠋ ᠠᠯᠳᠠᠬᠤ ᠦᠭᠡᠢ ᠪᠡᠷ ᠪᠠᠷᠠᠬᠤ ᠦᠭᠡᠢ᠂ ᠥᠷᠥᠰᠢᠶᠡᠯᠲᠦ ᠬᠠᠭᠠᠨ ᠥᠭᠡᠳᠡᠢ ᠶ᠋ᠢᠨ ᠲᠥᠷᠥ ᠳ᠋ᠦ᠍ ᠦᠨᠡᠨᠴᠢ ᠪᠡᠷ ᠵᠢᠳᠬᠦᠨ ᠶᠠᠪᠤᠭ᠎ᠠ᠃ ᠲᠡᠢᠮᠦ ᠡᠴᠡ ᠬᠠᠲᠤᠨᠲᠠᠨ ᠲᠠ ᠰᠡᠳᠬᠢᠯ ᠢ᠋ᠶ᠋ᠡᠨ ᠴᠢᠯᠡᠭᠡᠵᠦ ᠲᠥᠷᠥ ᠶ᠋ᠢᠨ ᠬᠡᠷᠡᠭ ᠲᠦ᠍ ᠰᠢᠨᠤᠭᠯᠠᠨ ᠣᠷᠣᠯᠴᠠᠭᠠᠳ ᠶᠠᠭᠠᠬᠢᠨ᠎ᠠ ᠭᠡᠵᠦ ᠵᠣᠷᠢᠭᠯᠠᠨ ᠬᠡᠯᠡᠪᠡ᠃  
       ᠮᠠᠬᠠᠮᠥ᠋ᠳ᠋ ᠶᠠᠯᠠᠸᠠᠴᠢ ᠶ᠋ᠢ ᠭᠠᠷᠴᠤ ᠶᠠᠪᠤᠭᠰᠠᠨ ᠬᠣᠢᠨ᠎ᠠ ᠨᠢ ᠳᠦᠷᠭᠡᠨ᠎ᠡ ᠬᠠᠲᠤᠨ《ᠲᠥᠷᠥ ᠶ᠋ᠢᠨ ᠬᠡᠷᠡᠭ ᠲᠦ᠍ ᠰᠢᠨᠤᠭᠯᠠᠨ ᠣᠷᠣᠯᠴᠠᠭᠠᠳ ᠶᠠᠭᠠᠬᠢᠨ᠎ᠠ》 ᠭᠡᠰᠡᠨ ᠦᠭᠡ ᠶ᠋ᠢ ᠪᠣᠳᠣᠬᠤ ᠵᠠᠭᠤᠷ᠎ᠠ ᠬᠣᠭᠣᠯᠠᠢ ᠳᠡᠭᠡᠷ᠎ᠡ ᠨᠢ ᠲᠤᠯᠤᠭᠠᠳ ᠭᠠᠷᠴᠤ ᠢᠷᠡᠬᠦ ᠦᠭᠡᠢ ᠪᠠᠢᠭ᠎ᠠ ᠬᠠᠲᠠᠭᠤᠬᠠᠨ ᠵᠦᠢᠯ ᠠᠮᠢᠰᠬᠤᠯ ᠢ᠋ ᠨᠢ ᠪᠥᠭᠯᠡᠷᠡᠭᠦᠯᠵᠦ ᠪᠠᠢᠬᠤ ᠰᠢᠭ᠋᠃
       ᠲᠠᠭᠠᠷᠠᠬᠤ ᠪᠦᠬᠦᠨ ᠳ᠋ᠦ᠍ ᠳᠠᠭ᠎ᠠ ᠦᠭᠡᠢ ᠦᠭᠡ ᠬᠡᠯᠡᠵᠦ᠂ ᠬᠠᠲᠤᠨᠲᠠᠨ ᠲᠠᠢ ᠠᠭᠤᠯᠵᠠᠳᠠᠭ ᠡᠨᠡ ᠬᠥᠮᠦᠨ ᠦᠨᠡᠨ ᠮᠥᠨ ᠢ᠋ ᠬᠡᠨ ᠡᠴᠡ  ᠴᠤ᠌ ᠢᠯᠡᠭᠦᠦ ᠬᠠᠷᠠᠳᠠᠭ᠂ ᠬᠡᠯᠡᠬᠦ ᠭᠡᠰᠡᠨ ᠢ᠋ᠶ᠋ᠡᠨ ᠰᠢᠯᠤᠭᠤᠬᠠᠨ ᠬᠡᠯᠡᠴᠢᠬᠡᠳᠡᠭ ᠨᠢᠭᠡᠨ ᠪᠠᠢᠪᠠ᠃ ᠮᠠᠬᠠᠮᠥ᠋ᠳ᠋ ᠶᠡᠯᠡᠸᠡᠴᠢ ᠬᠡᠵᠢᠶᠡᠨ ᠦ᠌ ᠬᠣᠪ ᠢ᠋ᠶ᠋ᠠᠷ ᠬᠣᠭᠣᠯᠠ ᠬᠢᠨ ᠠᠮᠢᠳᠤᠷᠠᠵᠤ ᠰᠤᠷᠤᠭ᠎ᠠ ᠦᠭᠡᠢ ᠬᠥᠮᠦᠨ ᠲᠤᠯᠠ ᠠᠪᠲᠤᠯ ᠷᠠᠬᠠᠮᠠᠨ ᠢ᠋ ᠲᠥᠷᠥ ᠶ᠋ᠢᠨ ᠬᠡᠷᠡᠭ ᠲᠦ᠍ ᠬᠡᠳᠦ ᠣᠷᠣᠯᠴᠠᠭᠰᠠᠨ ᠬᠠᠭᠠᠨ ᠤ᠋ ᠵᠠᠷᠯᠢᠭ ᠢ᠋ ᠭᠤᠢᠪᠢᠭᠤᠯᠤᠨ ᠠᠯᠪᠠ ᠲᠠᠲᠠᠪᠤᠷᠢ ᠶ᠋ᠢ ᠨᠡᠮᠡᠭᠳᠡᠭᠦᠯᠵᠦ᠂ ᠡᠵᠡᠯᠡᠭᠳᠡᠭᠰᠡᠨ ᠤᠯᠤᠰ ᠣᠷᠣᠨ ᠨᠤᠭᠤᠳ ᠠ᠋ᠴᠠ ᠲᠡᠳᠦᠢ ᠦᠭᠡᠢ᠂ ᠡᠩ ᠦ᠋ᠨ ᠠᠷᠠᠳ ᠤ᠋ᠳ ᠠ᠋ᠴᠠ ᠠᠪᠬᠤ ᠲᠠᠲᠠᠪᠤᠷᠢ ᠶ᠋ᠢᠨ ᠬᠡᠮᠵᠢᠶ᠎ᠡ ᠶ᠋ᠢ ᠶᠡᠬᠡᠰᠬᠡᠵᠦ᠂ ᠬᠠᠭᠠᠨ ᠤ᠋ ᠨᠡᠷ᠎ᠡ ᠶ᠋ᠢ ᠪᠠᠷᠢᠨ ᠰᠦᠷᠳᠡᠭᠦᠯᠦᠨ ᠬᠡᠷᠴᠡᠭᠡᠢᠯᠡᠵᠦ᠂ ᠠᠷᠠᠳ ᠣᠯᠠᠨ ᠢ᠋ ᠠᠶᠤᠯᠭᠠᠨ ᠰᠠᠨᠳᠤᠷᠭᠠᠵᠤ ᠪᠠᠢᠭ᠎ᠠ ᠪᠠᠢᠳᠠᠯ ᠢ᠋ ᠲᠣᠭᠠᠴᠢᠭᠰᠠᠨ ᠦᠭᠡᠢ ᠥᠩᠭᠡᠷᠡᠵᠡᠢ᠃ ᠠᠪᠲᠤᠯ ᠷᠠᠬᠠᠮᠠᠨ ᠤ᠋ ᠶᠠᠯ᠎ᠠ ᠬᠡᠯᠡᠯᠴᠡᠭᠦᠯᠬᠦ ᠨᠡᠷᠡᠢᠳᠦᠯ ᠢ᠋ᠶ᠋ᠡᠷ ᠪᠠᠷᠢᠨ ᠠᠪᠴᠤ ᠢᠷᠡᠭᠰᠡᠨ ᠬᠥᠮᠦᠰ ᠦᠨᠡᠨ ᠬᠡᠷᠡᠭ ᠳᠡᠭᠡᠷ᠎ᠡ ᠪᠡᠨ ᠲᠠᠲᠠᠪᠤᠷᠢ ᠭᠣᠢᠪᠢᠭᠣᠯᠣᠭᠴᠢᠳ ᠪᠢᠰᠢ᠂ ᠠᠪᠲᠤᠯ ᠷᠠᠬᠠᠮᠠᠨ ᠤ᠋ ᠦᠰᠲᠡᠨ ᠳᠠᠢᠰᠤᠨ ᠪᠠᠢᠭᠰᠠᠨ ᠶᠤᠮ᠃ ᠮᠠᠬᠠᠮᠥ᠋ᠳ᠋ ᠶᠡᠯᠡᠸᠠᠴᠢ ᠡᠨᠡ ᠦᠨᠡᠨ ᠢ᠋ ᠣᠯᠵᠤ ᠮᠡᠳᠡᠭᠰᠡᠨ ᠲᠤᠯᠠ ᠲᠡᠳᠡᠨ ᠢ᠋ ᠰᠢᠭᠦᠨ ᠬᠡᠯᠡᠯᠴᠡᠭᠡᠳ ᠲᠠᠯᠪᠢᠨ ᠶᠠᠪᠤᠭᠤᠯᠵᠤ ᠪᠠᠢᠭᠰᠠᠨ ᠨᠢ ᠦᠨᠡᠨ ᠪᠠᠢᠯ᠎ᠠ᠃
       ᠣᠯᠠᠨ ᠬᠣᠨᠣᠭ ᠤ᠋ᠨ ᠠᠶᠠᠨ ᠵᠠᠮ ᠢ᠋ ᠲᠤᠭᠤᠯᠵᠤ ᠬᠠᠷᠠᠬᠣᠷᠣᠮ ᠳ᠋ᠤ᠌ ᠰᠠᠶᠢ ᠢᠷᠡᠭᠰᠡᠨ ᠰᠤᠷᠬᠠᠭᠲᠠᠨᠢ ᠬᠠᠲᠤᠨ ᠤᠷᠲᠤ ᠦᠷᠭᠦᠭᠡᠨ ᠳ᠋ᠡᠭᠡᠨ ᠲᠤᠬᠠᠯᠠᠨ ᠪᠠᠢᠬᠤ ᠳ᠋ᠤ᠌ ᠶᠸᠯᠢᠦᠢ ᠴᠥ᠋ᠼᠠᠢ ᠮᠣᠷᠢᠯᠠᠪᠠ᠃ ᠲᠡᠭᠦᠨ ᠦ᠌ ᠴᠢᠷᠠᠢ ᠳ᠋ᠤ᠌ ᠲᠣᠳᠣᠷᠠᠨ ᠪᠠᠢᠳᠠᠭ ᠢᠨᠢᠶᠡᠮᠰᠦᠭᠯᠡᠯ ᠦᠯᠦ ᠠᠩᠵᠠᠭᠠᠷᠠᠭᠳᠠᠨ᠎ᠠ᠃ ᠬᠠᠲᠤᠨᠲᠠᠨ ᠲᠠᠢ ᠮᠡᠨᠳᠦ ᠤᠰᠤ ᠪᠠᠨ ᠮᠡᠳᠡᠯᠴᠡᠬᠦ ᠵᠠᠭᠤᠷ᠎ᠠ ᠬᠦᠴᠦᠯᠡᠨ ᠢᠨᠢᠶᠡᠪᠬᠢᠯᠡᠬᠦ ᠨᠢ ᠠᠩᠵᠠᠭᠠᠷᠠᠭᠳᠠᠨ᠎ᠠ᠃ ᠬᠥᠮᠦᠰᠬᠡᠨ ᠦ᠌ ᠬᠣᠭᠣᠷᠣᠨᠳᠣᠬᠢ ᠦᠷᠴᠢᠯᠡᠭᠡᠰᠦ ᠨᠢ ᠤᠯᠠᠮ ᠪᠦᠷ ᠭᠦᠨ ᠪᠣᠯᠵᠠᠢ᠃ ᠲᠡᠭᠦᠨ ᠦ᠌ ᠪᠠᠢᠷᠢ ᠪᠠᠢᠳᠠᠯ ᠠ᠋ᠴᠠ ᠳᠠᠭ᠎ᠠ ᠦᠭᠡᠢ ᠵᠦᠢᠯ ᠪᠣᠯᠵᠠᠢ ᠭᠡᠳᠡᠭ ᠢ᠋ ᠲᠦᠪᠡᠭ ᠦᠭᠡᠢ ᠬᠠᠷᠠᠵᠤ ᠪᠣᠯᠬᠤ ᠪᠠᠷ ᠪᠠᠢᠯ᠎ᠠ᠃ ᠶᠸᠯᠢᠦᠢ ᠴᠥ᠋ᠼᠠᠢ ᠪᠤᠭᠤᠷᠤᠯ ᠰᠠᠭᠤᠭᠰᠠᠨ ᠤᠷᠲᠤ ᠰᠠᠬᠠᠯ ᠢ᠋ᠶ᠋ᠠᠨ ᠰᠢᠪᠲᠤᠷᠤᠨ ᠨᠢᠭᠡᠨᠲᠡ ᠰᠠᠨᠠᠭ᠎ᠠ ᠠᠯᠳᠠᠭᠠᠳ᠂
       — ᠣᠢᠷ᠎ᠠ ᠠ᠋ᠴᠠ ᠬᠠᠭᠠᠨ  ᠡᠵᠡᠨ ᠦ᠌ ᠪᠡᠶ᠎ᠡ ᠴᠢᠯᠡᠭᠡᠷᠬᠡᠬᠦ ᠪᠣᠯᠤᠯ᠎ᠠ᠃ ᠮᠥᠩᠬᠡ ᠲᠩᠷᠢ ᠶ᠋ᠢᠨ ᠬᠢᠯᠢᠩ ᠢ᠋ ᠳᠠᠷᠤᠵᠤ᠂ ᠥᠷᠥᠰᠢᠶᠡᠯ ᠡᠨᠡᠷᠢᠯ ᠦᠵᠡᠭᠦᠯᠦᠭᠰᠡᠨ ᠪᠣᠯᠪᠠᠴᠤ ᠭᠦᠢᠴᠡᠳ ᠢᠯᠠᠷᠢᠰᠢᠭᠰᠠᠨ ᠦᠭᠡᠢ ᠲᠤᠯᠠ ᠰᠡᠳᠬᠢᠯ ᠵᠣᠪᠠᠨᠢᠨ ᠪᠠᠢᠨ᠎ᠠ ᠭᠡᠮᠡᠨ ᠶᠠᠷᠢᠶ᠎ᠠ ᠪᠠᠨ ᠡᠬᠢᠯᠡᠪᠡ᠃ ᠬᠠᠭᠠᠨ ᠡᠵᠡᠨ ᠦ᠌ ᠪᠡᠶ᠎ᠡ ᠠᠯᠵᠢᠶᠠᠭᠰᠠᠨ ᠲᠤᠬᠠᠢ ᠰᠤᠷᠬᠠᠭᠲᠠᠨᠢ ᠬᠠᠲᠤᠨ ᠲᠡᠭᠦᠨ ᠦ᠌ ᠠᠮᠠᠨ ᠠ᠋ᠴᠠ ᠠᠩᠬ᠎ᠠ ᠤᠳᠠᠭ᠎ᠠ ᠰᠣᠨᠣᠰᠤᠯ᠎ᠠ᠃ ᠲᠡᠷᠡ ᠪᠡᠷ ᠦᠷᠭᠦᠯᠵᠢᠯᠡᠭᠦᠯᠦᠨ᠂
       — ᠬᠠᠭᠠᠨ ᠡᠵᠡᠨ ᠪᠣᠷᠣ ᠳᠡᠷᠡᠰᠦᠨ ᠳ᠋ᠦ᠍ ᠰᠢᠨᠤᠭᠯᠠᠭᠰᠠᠨ ᠬᠡᠪ ᠢ᠋ᠶ᠋ᠡᠷ ᠪᠠᠢᠭ᠎ᠠ ᠨᠢ ᠲᠡᠭᠦᠨ ᠦ᠌ ᠪᠡᠶ᠎ᠡ ᠶ᠋ᠢᠨ ᠴᠢᠯᠡᠭᠡ ᠶ᠋ᠢ ᠤᠯᠠᠮ ᠪᠦᠷ ᠳᠣᠷᠣᠳᠠᠭᠣᠯᠵᠤ ᠪᠠᠢᠨ᠎ᠠ᠃ ᠳᠦᠷᠭᠡᠨ᠎ᠡ ᠬᠠᠲᠤᠨ ᠤᠯᠤᠰ ᠤ᠋ᠨ ᠶᠡᠬᠡ ᠬᠠᠲᠤᠨ ᠪᠣᠯᠤᠭᠰᠠᠨ ᠬᠡᠳᠦᠢ ᠴᠤ᠌  ᠬᠠᠭᠠᠨ ᠤ᠋ ᠯᠠᠭᠱᠠᠨ ᠳ᠋ᠤ᠌  ᠲᠡᠳᠦᠢᠯᠡ ᠵᠣᠪᠠᠬᠤ ᠦᠭᠡᠢ ᠪᠠᠢᠬᠤ ᠰᠢᠭ᠋ ᠬᠡᠮᠡᠭᠡᠳ ᠢᠯᠢᠦᠢ ᠴᠥ᠋ᠼᠠᠢ ᠰᠤᠷᠬᠠᠭᠲᠠᠨᠢ ᠶ᠋ᠢᠨ ᠥᠭᠡᠳᠡ ᠡᠴᠡ ᠠᠷᠭ᠎ᠠ ᠲᠠᠰᠤᠷᠠᠭᠰᠠᠨ ᠬᠥᠮᠦᠨ ᠦ᠌ ᠬᠠᠷᠠᠴᠠ ᠪᠠᠷ ᠬᠠᠷᠠᠭᠠᠳ᠂
       — ᠬᠠᠭᠠᠨ ᠡᠵᠡᠨ ᠦ᠌ ᠪᠣᠷᠣ ᠳᠠᠷᠠᠰᠤ ᠲᠠᠢ ᠨᠥᠬᠥᠷᠯᠡᠬᠦ ᠶ᠋ᠢ ᠪᠣᠯᠢᠭᠤᠯᠵᠤ ᠴᠢᠳᠠᠬᠤ ᠬᠥᠮᠦᠨ ᠬᠠᠲᠤᠨ ᠲᠠᠨ ᠠ᠋ᠴᠠ ᠥᠭᠡᠷ᠎ᠡ ᠦᠭᠡᠢ ᠲᠤᠯᠠ ᠪᠢ ᠳᠠᠭᠤᠳᠠᠭᠤᠯᠤᠭᠰᠠᠨ ᠶᠤᠮ᠃ ᠶᠡᠬᠡ ᠡᠵᠡᠨ ᠬᠠᠭᠠᠨ ᠠ᠋ᠴᠠ ᠡᠬᠢᠯᠡᠭᠡᠳ ᠥᠭᠡᠳᠡᠢ ᠬᠠᠭᠠᠨ ᠴᠤ᠌ ᠲᠠᠨ ᠤ᠋ ᠦᠨᠡᠨ ᠦᠭᠡ ᠶ᠋ᠢ ᠰᠣᠨᠣᠰᠴᠤ ᠬᠦᠯᠢᠶᠡᠨ ᠠᠪᠳᠠᠭ ᠪᠠᠢᠭᠰᠠᠨ᠃ ᠲᠡᠷᠡ ᠲᠠᠨ ᠳ᠋ᠤ᠌ ᠢᠲᠡᠭᠡᠯ ᠬᠦᠯᠢᠶᠡᠯᠭᠡᠨ ᠲᠥᠷᠥ ᠤᠯᠤᠰ ᠤ᠋ᠨ ᠬᠡᠷᠡᠭ ᠢ ᠴᠤ᠌ ᠵᠠᠬᠢᠨ ᠦᠯᠡᠳᠡᠭᠡᠵᠦ ᠪᠠᠢᠭᠰᠠᠨ ᠤᠳᠠᠭ᠎ᠠ ᠲᠠᠢ ᠲᠤᠯᠠ ᠬᠠᠲᠤᠨᠲᠠᠨ ᠲᠠ ᠬᠠᠭᠠᠨ ᠡᠵᠡᠨ ᠳ᠋ᠦ᠍ ᠪᠠᠷᠠᠯᠬᠠᠨ ᠪᠣᠷᠣ ᠳᠠᠷᠠᠰᠤ ᠶ᠋ᠢ ᠰᠠᠨᠠᠭᠤᠯᠤᠨ ᠬᠡᠯᠡᠵᠦ᠂ ᠤᠬᠠᠭᠤᠯᠤᠨ ᠣᠢᠯᠠᠭᠠᠭᠤᠯᠤᠨ᠎ᠠ  ᠤᠤ! ᠭᠡᠪᠡ᠃  
       ᠰᠤᠷᠬᠠᠭᠲᠠᠨᠢ ᠬᠠᠲᠤᠨ ᠢᠯᠢᠦᠢ ᠴᠥ᠋ᠼᠠᠢ ᠶ᠋ᠢᠨ ᠳᠠᠭᠤᠳᠠᠭᠤᠯᠤᠭᠰᠠᠨ ᠤᠴᠢᠷ ᠢ᠋ ᠰᠣᠨᠣᠰᠤᠯ᠎ᠠ᠃ ᠡᠳᠦᠷ ᠢᠷᠡᠬᠦ ᠲᠣᠰᠤᠮ ᠪᠡᠶ᠎ᠡ ᠯᠠᠭᠱᠠᠨ ᠨᠢ ᠳᠣᠷᠣᠳᠠᠵᠤ ᠪᠠᠢᠭ᠎ᠠ ᠬᠠᠭᠠᠨ ᠡᠵᠡᠨ ᠪᠣᠷᠣ ᠳᠡᠷᠡᠰᠦᠨ ᠡᠴᠡ ᠲᠠᠲᠠᠭᠠᠯᠵᠠᠬᠤ ᠦᠭᠡᠢ ᠪᠣᠯ ᠠᠮᠢ ᠨᠠᠰᠤᠨ ᠳ᠋ᠤᠨᠢ ᠠᠶᠤᠯ ᠤᠴᠠᠷᠠᠵᠤ ᠮᠡᠳᠡᠬᠦ ᠪᠡᠷ ᠪᠣᠯᠵᠠᠢ᠃ ᠡᠨᠡ ᠶᠠᠷᠢᠶᠠᠨ ᠤ᠋ ᠳᠠᠷᠠᠭ᠎ᠠ ᠬᠠᠲᠤᠨ ᠥᠭᠡᠳᠡᠢ ᠬᠠᠭᠠᠨ ᠳ᠋ᠤ᠌ ᠪᠠᠷᠠᠯᠬᠠᠬᠤ ᠬᠦᠰᠡᠯᠲᠡ ᠪᠡᠨ ᠢᠯᠡᠷᠬᠡᠢᠯᠡᠯ᠎ᠡ᠃ ᠰᠤᠷᠬᠠᠭᠲᠠᠨᠢ ᠶ᠋ᠢ ᠶᠠᠮᠠᠷ ᠴᠤ᠌ ᠦᠶ᠎ᠡ ᠳ᠋ᠦ᠍ ᠬᠦᠯᠢᠶᠡᠨ ᠠᠪᠴᠤ ᠨᠠᠢᠷᠰᠠᠭ ᠰᠠᠢᠬᠠᠨ ᠢ᠋ᠶ᠋ᠠᠷ ᠤᠭᠲᠤᠬᠤ ᠬᠠᠭᠠᠨ ᠡᠵᠡᠨ ᠲᠡᠭᠦᠨ ᠳ᠋ᠦ᠍ ᠬᠠᠷᠢᠭᠤ ᠥᠭᠭᠦᠭᠦᠯᠬᠦ ᠦᠭᠡᠢ ᠠᠯᠭᠤᠷᠯᠠᠭᠰᠠᠭᠠᠷ ᠪᠠᠢᠪᠠ᠃ ᠬᠡᠳᠦ ᠬᠡᠳᠦᠨ ᠤᠳᠠᠭ᠎ᠠ ᠪᠠᠷᠠᠯᠬᠠᠨ ᠣᠴᠢᠬᠤ ᠬᠦᠰᠡᠯᠲᠡ ᠪᠡᠨ ᠢᠯᠡᠷᠬᠡᠢᠯᠡᠭᠰᠡᠨ ᠦ᠌ ᠳᠠᠷᠠᠭ᠎ᠠ ᠰᠠᠶᠢ ᠬᠠᠭᠠᠨ ᠡᠵᠡᠨ ᠲᠡᠭᠦᠨ ᠢ᠋ ᠣᠷᠳᠣᠨ ᠳ᠋ᠠᠭᠠᠨ ᠳᠠᠭᠤᠳᠠᠭᠤᠯᠵᠠᠢ᠃ ᠥᠭᠡᠳᠡᠢ ᠬᠠᠭᠠᠨ ᠤ᠋ ᠣᠷᠳᠣᠨ ᠢ᠋ ᠴᠢᠭᠯᠡᠨ ᠶᠡᠬᠡ ᠥᠷᠭᠥᠭᠡ ᠨᠦ᠍ᠭᠦᠳ ᠦ᠋ᠨ ᠳᠤᠮᠳᠠᠭᠤᠷ ᠶᠠᠪᠤᠵᠤ ᠪᠠᠢᠬᠤ ᠳ᠋ᠠᠭᠠᠨ ᠰᠤᠷᠬᠠᠭᠲᠠᠨᠢ ᠨᠢᠭᠡᠨ ᠵᠦᠢᠯ ᠢ᠋ ᠠᠵᠢᠭᠯᠠᠨ ᠬᠠᠷᠠᠯ᠎ᠠ᠃ ᠬᠠᠭᠠᠨ ᠤ᠋ ᠣᠷᠳᠣᠨ ᠤ᠋ ᠬᠡᠪᠲᠡᠭᠦᠯ᠂ ᠬᠡᠰᠢᠭᠲᠡᠨ᠂  ᠣᠷᠳᠣᠨ ᠢ᠋ ᠬᠠᠮᠠᠭᠠᠯᠠᠵᠤ ᠪᠠᠢᠳᠠᠭ ᠬᠥᠮᠦᠰ ᠥᠭᠡᠷᠡᠴᠢᠯᠡᠭᠳᠡᠭᠰᠡᠨ ᠪᠠᠢᠪᠠ᠃ ᠬᠠᠭᠠᠨ ᠡᠵᠡᠨ ᠦ᠌ ᠦᠨᠡᠨᠴᠢ ᠠᠯᠪᠠᠲᠤ ᠨᠤᠭᠤᠳ ᠪᠤᠰᠤ ᠬᠠᠷᠢ ᠬᠥᠮᠦᠰ ᠣᠷᠳᠣᠨ ᠤ᠋ ᠣᠢᠷ᠎ᠠ ᠣᠷᠴᠢᠮ ᠬᠥᠯᠬᠢᠯᠳᠦᠨ᠎ᠡ᠃ ᠬᠠᠭᠠᠨ ᠤ᠋ ᠣᠷᠳᠣᠨ ᠳ᠋ᠤ᠌ ᠲᠡᠭᠦᠨ ᠢ᠋ ᠬᠠᠭᠠᠨ ᠡᠵᠡᠨ ᠡᠴᠡ ᠭᠠᠳᠠᠨ᠎ᠠ ᠲᠥᠷᠥ ᠶ᠋ᠢᠨ ᠶᠡᠬᠡ ᠬᠠᠲᠤᠨ ᠳᠦᠷᠭᠡᠨ᠎ᠡ᠂ ᠠᠪᠲᠤᠯ ᠷᠠᠬᠠᠮᠠᠨ ᠤ᠋ ᠬᠠᠮᠲᠤ ᠤᠭᠲᠤᠪᠠ᠃ ᠥᠭᠡᠳᠡᠢ ᠬᠠᠭᠠᠨ ᠠᠪᠳᠤᠯ ᠷᠠᠬᠠᠮᠠᠨ ᠲᠠᠢ ᠰᠠᠷᠬᠤᠳ ᠬᠦᠷᠲᠡᠨ ᠰᠠᠭᠤᠭ᠎ᠠ ᠪᠣᠯᠤᠯᠲᠠᠢ᠂ ᠥᠩᠭᠡᠨ ᠳᠡᠭᠡᠷ᠎ᠡ ᠪᠡᠨ ᠶᠡᠬᠡᠳᠡ ᠬᠥᠷ ᠬᠥᠭᠵᠢᠯᠲᠡᠢ ᠬᠠᠷᠠᠭᠳᠠᠨ᠎ᠠ᠃ ᠲᠡᠳᠡᠨ ᠦ᠌ ᠳᠤᠮᠳᠠ ᠥᠷᠭᠡᠰᠦ ᠲᠡᠢ ᠰᠢᠳᠡᠷ᠎ᠡ ᠬᠠᠷᠠᠭᠳᠠᠬᠤ ᠨᠢ ᠭᠠᠭᠴᠠ ᠨᠢᠭᠡ ᠦᠷᠦᠭ ᠲᠠᠯᠪᠢᠭᠰᠠᠨ ᠪᠣᠯᠤᠯᠲᠠᠢ᠂ ᠠᠪᠲᠤᠯ ᠷᠠᠬᠠᠮᠠᠨ ᠭᠡᠭᠴᠢ ᠡᠨᠡ ᠵᠠᠯᠢᠵᠢᠨ ᠡᠷ᠎ᠡ ᠲᠡᠷᠡ ᠨᠢᠭᠡᠨ ᠡᠳᠦᠷ ᠰᠣᠷᠬᠠᠭᠲᠠᠨᠢ ᠳ᠋ᠤ᠌ ᠪᠠᠷᠠᠯᠬᠠᠨ ᠠᠮᠠᠨ ᠳᠤᠮᠳᠠᠭᠤᠷ ᠢ᠋ᠶ᠋ᠠᠨ ᠠᠯᠠᠭᠠᠳᠠᠭᠤᠯᠤᠭᠠᠳ ᠭᠠᠷᠴᠤ ᠶᠠᠪᠤᠭᠰᠠᠨ ᠪᠣᠯ ᠥᠨᠥ ᠬᠠᠭᠠᠨ ᠡᠵᠡᠨ ᠦ᠌ ᠡᠮᠦᠨ᠎ᠡ ᠬᠡᠵᠢᠶ᠎ᠡ ᠶᠠᠵᠢᠶᠠᠨ ᠤ᠋ ᠡᠷᠬᠡ ᠮᠡᠳᠡᠯᠲᠡᠨ ᠰᠢᠭ ᠪᠠᠷᠳᠠᠮ ᠰᠠᠭᠤᠬᠤ ᠠᠵᠢ᠃ ᠡᠨᠡ ᠦᠶ᠎ᠡ ᠳ᠋ᠦ᠍ ᠶᠸᠯᠢᠤᠢ ᠴᠦᠽᠠᠢ ᠶ᠋ᠢᠨ ᠬᠡᠯᠡᠭᠰᠡᠨ《ᠳᠦᠷᠭᠡᠨ᠎ᠡ ᠬᠠᠲᠤᠨ ᠤᠯᠤᠰ ᠤ᠋ᠨ ᠶᠡᠬᠡ ᠬᠠᠲᠤᠨ ᠪᠣᠯᠤᠭᠰᠠᠨ ᠬᠡᠳᠦᠢ ᠴᠦ᠍ ᠬᠠᠭᠠᠨ ᠤ᠋ ᠯᠠᠭᠱᠠᠨ ᠳ᠋ᠤ᠌ ᠲᠡᠳᠦᠶ᠋ᠢᠯᠡ ᠵᠣᠪᠠᠬᠤ ᠦᠭᠡᠢ ᠪᠠᠢᠬᠤ ᠰᠢᠭ᠋》ᠭᠡᠰᠡᠨ ᠦᠭᠡ ᠰᠠᠨᠠᠭᠠᠨ ᠳ᠋ᠤᠨᠢ ᠣᠷᠣᠯ᠎ᠠ᠃ ᠰᠤᠷᠬᠠᠭᠲᠠᠨᠢ ᠶ᠋ᠢᠨ ᠣᠷᠣᠵᠤ ᠢᠷᠡᠬᠦ ᠶ᠋ᠢ ᠬᠠᠷᠠᠭᠰᠠᠨ ᠬᠠᠭᠠᠨ ᠡᠵᠡᠨ᠂
       — ᠰᠤᠷᠬᠠᠭᠲᠠᠨᠢ ᠬᠠᠲᠤᠨ᠂ ᠰᠠᠢᠨ ᠶᠠᠪᠤᠵᠤ ᠢᠷᠡᠪᠡ ᠤᠤ? ᠴᠢᠨᠦ ᠦᠭᠡᠢ ᠳ᠋ᠦ᠍ ᠭᠤᠨᠢᠭ ᠲᠠᠢ ᠪᠠᠢᠬᠤ ᠡᠳᠦᠷ ᠨᠢᠭᠡ ᠪᠢᠰᠢ ᠲᠠᠭᠠᠷᠠᠵᠤ ᠪᠠᠢᠯ᠎ᠠ ᠭᠡᠵᠦ ᠬᠡᠯᠡᠭᠡᠳ ᠠᠪᠲᠤᠯ ᠷᠠᠬᠠᠮᠠᠨ ᠤ᠋ ᠡᠷᠭᠦᠨ ᠪᠠᠷᠢᠭᠰᠠᠨ ᠲᠣᠮᠣ ᠬᠤᠨᠳᠠᠭ᠎ᠠ ᠲᠠᠢ ᠰᠠᠷᠬᠤᠳ ᠢ᠋ ᠨᠢ ᠲᠣᠰᠣᠨ ᠠᠪᠴᠤ ᠵᠡᠯᠡᠬᠡᠨ ᠴᠠᠢ ᠵᠠᠯᠭᠢᠬᠤ ᠮᠡᠲᠦ ᠰᠢᠨᠤᠯᠲᠠᠶ᠎ᠠ ᠪᠠᠯᠭᠤᠯ᠎ᠠ᠃
    — ᠬᠠᠭᠠᠨ ᠲᠠ ᠠᠮᠤᠭᠤᠯᠠᠩ ᠰᠠᠭᠤᠵᠤ ᠪᠠᠢᠪᠠ ᠤᠤ? ᠵᠣᠷᠢᠭᠰᠠᠨ ᠬᠡᠷᠡᠭ ᠪᠦᠲᠦᠵᠦ᠂ ᠬᠤᠪᠢᠯᠠᠢ ᠬᠦᠦ ᠮᠢᠨᠢ ᠭᠠᠵᠠᠷ ᠣᠷᠣᠨ ᠤ᠋ ᠬᠡᠷᠡᠭ ᠢ᠋ᠶ᠋ᠡᠨ ᠵᠠᠯᠠᠨ ᠶᠠᠪᠤᠭᠤᠯᠬᠤ ᠪᠣᠯᠤᠭᠠᠳ ᠪᠢ ᠡᠷᠭᠢᠨ ᠢᠷᠡᠯ᠎ᠡ᠃
       — ᠰᠣᠨᠣᠰᠴᠤ ᠲᠤᠭᠤᠯᠤᠭᠰᠠᠨ᠃ ᠾᠧᠪᠧᠢ ᠮᠣᠵᠢ ᠶ᠋ᠢᠨ ᠭᠠᠵᠠᠷ ᠣᠷᠣᠨ ᠠᠷᠪᠢᠨ ᠶᠡᠬᠡ ᠤᠷᠭᠤᠴᠠ ᠬᠣᠷᠢᠶᠠᠨ ᠠᠪᠴᠤ ᠠᠷᠠᠯᠵᠢᠶ᠎ᠠ ᠮᠠᠢᠮᠠᠢ ᠬᠥᠭᠵᠢᠵᠦ ᠠᠷᠠᠳ ᠤ᠋ᠨ ᠰᠡᠳᠬᠢᠯ ᠰᠠᠨᠠᠭ᠎ᠠ ᠠᠮᠤᠭᠤᠯᠠᠩ ᠪᠣᠯᠤᠭᠰᠠᠨ ᠨᠢ ᠰᠠᠢᠨ ᠬᠡᠷᠡᠭ᠃ ᠬᠠᠭᠠᠨ ᠪᠢ ᠬᠠᠲᠤᠨ ᠤ᠋ ᠬᠥᠪᠡᠭᠦᠳ ᠲᠦ᠍ ᠢᠲᠡᠭᠡᠳᠡᠭ ᠭᠡᠵᠦ ᠬᠡᠯᠡᠭᠡᠳ᠂
       — ᠠᠯᠢ ᠪᠣᠢ ᠡᠨᠡ ᠠᠪᠲᠤᠯ ᠷᠠᠬᠠᠮᠠᠨ ᠤ᠋ ᠨᠠᠳᠠ ᠳ᠋ᠤ᠌ ᠵᠣᠷᠢᠭᠤᠯᠤᠨ ᠲᠤᠰᠬᠠᠢ ᠵᠣᠷ ᠢ᠋ᠶ᠋ᠠᠷ ᠢᠰᠬᠡᠵᠦ ᠢᠷᠡᠭᠰᠡᠨ ᠵᠢᠮᠢᠰᠦᠨ ᠦ᠌ ᠳᠠᠷᠠᠰᠤ ᠶ᠋ᠢ ᠬᠠᠲᠤᠨ ᠳ᠋ᠤ᠌ ᠪᠡᠷᠢ ᠭᠡᠮᠡᠨ ᠰᠢᠪᠡᠭᠴᠢᠨ ᠳ᠋ᠡᠭᠡᠨ ᠲᠤᠰᠢᠶᠠᠯ᠎ᠠ᠃  
         ᠥᠪᠡᠷ ᠦ᠋ᠨ ᠳᠤᠷ᠎ᠠ ᠪᠠᠷ ᠲᠥᠷᠥ ᠶ᠋ᠢᠨ ᠬᠡᠷᠡᠭ ᠢ᠋ ᠤᠳᠤᠷᠢᠳᠤᠨ ᠶᠠᠪᠤᠭᠤᠯᠬᠤ ᠲᠠᠭᠠᠲᠠᠢ ᠪᠣᠯᠤᠮᠵᠢ ᠶ᠋ᠢ ᠦᠭᠡᠢ ᠬᠢᠵᠦ ᠮᠡᠳᠡᠬᠦ ᠰᠤᠷᠬᠠᠭᠲᠠᠨᠢ ᠬᠠᠲᠤᠨ ᠭᠡᠨᠡᠳᠲᠡ ᠭᠠᠷᠴᠤ ᠢᠷᠡᠭᠰᠡᠨ ᠨᠢ ᠳᠦᠷᠭᠡᠨ᠎ᠡ ᠳ᠋ᠦ᠍ ᠦᠯᠦ ᠮᠡᠳᠡᠭ ᠠᠢᠳᠠᠰ ᠲᠥᠷᠥᠭᠦᠯᠬᠦ ᠰᠢᠭ ᠰᠠᠨᠠᠭᠳᠠᠨ᠎ᠠ᠃ ᠰᠤᠷᠬᠠᠭᠲᠠᠨᠢ ᠬᠠᠲᠤᠨ ᠳᠦᠷᠭᠡᠨ᠎ᠡ ᠳ᠋ᠦ᠍ ᠬᠠᠨᠳᠤᠨ᠂
       — ᠬᠠᠲᠤᠨ ᠲᠠ ᠠᠮᠤᠭᠤᠯᠠᠩ ᠰᠠᠭᠤᠵᠤ ᠪᠠᠢᠪᠠ ᠤᠤ? ᠭᠡᠵᠦ ᠠᠰᠠᠭᠤᠯ᠎ᠠ᠃ ᠳᠦᠷᠭᠡᠨ᠎ᠡ ᠬᠠᠲᠤᠨ ᠰᠤᠷᠬᠠᠭᠲᠠᠨᠢ ᠶ᠋ᠢᠨ ᠮᠡᠨᠳᠦ ᠶ᠋ᠢᠨ ᠬᠠᠷᠢᠭᠤ ᠳ᠋ᠤ᠌᠄
       — ᠰᠠᠢᠨ ᠰᠠᠭᠤᠵᠤ ᠪᠠᠢᠯ᠎ᠠ᠃ ᠾᠧᠪᠧᠢ ᠮᠣᠵᠢ ᠶ᠋ᠢᠨ ᠭᠠᠵᠠᠷ ᠣᠷᠣᠨ ᠬᠥᠮᠦᠨ ᠵᠤᠨ ᠠᠮᠤᠭᠤᠯᠠᠩ ᠪᠠᠢᠭ᠎ᠠ ᠭᠡᠵᠦ ᠳᠤᠭᠤᠯᠤᠭᠠᠳ ᠲᠥᠷᠥ ᠶ᠋ᠢᠨ ᠶᠡᠬᠡ ᠬᠠᠲᠤᠨ ᠪᠢ ᠴᠦ᠍ ᠮᠥᠨ ᠪᠠᠶᠠᠷᠲᠠᠢ ᠰᠠᠭᠤᠯ᠎ᠠ ᠬᠡᠮᠡᠪᠡ᠃ ᠰᠤᠷᠬᠠᠭᠲᠠᠨᠢ《ᠲᠥᠷᠥ ᠶ᠋ᠢᠨ ᠶᠡᠬᠡ ᠬᠠᠲᠤᠨ ᠪᠢ ᠴᠦ᠍ ᠪᠠᠶᠠᠷᠲᠠᠢ ᠰᠠᠭᠤᠯ᠎ᠠ》 ᠭᠡᠰᠡᠨ ᠦᠭᠡ ᠶ᠋ᠢ ᠰᠣᠨᠣᠰᠤᠭᠠᠳ ᠭᠠᠢᠬᠠᠰᠢᠷᠠᠪᠠ᠃ ᠲᠡᠷᠡ ᠤᠷᠢᠳ ᠨᠢ ᠳᠦᠷᠭᠡᠨ᠎ᠡ ᠬᠠᠲᠤᠨ ᠢ᠋ ᠥᠪᠡᠷ ᠢ᠋ ᠪᠡᠨ ᠲᠥᠷᠥ ᠶ᠋ᠢᠨ ᠶᠡᠬᠡ ᠬᠠᠲᠤᠨ ᠢ᠋ᠶ᠋ᠠᠷ ᠵᠠᠷᠯᠠᠨ ᠬᠠᠭᠠᠨ ᠤ᠋ ᠲᠠᠮᠠᠭ᠎ᠠ ᠳᠠᠷᠤᠭᠤᠯᠤᠭᠰᠠᠨ ᠭᠡᠵᠦ ᠲᠤᠭᠤᠯᠤᠭᠰᠠᠨ ᠴᠤ᠌ ᠬᠡᠷᠡᠭ ᠶᠠᠪᠤᠳᠠᠯ ᠡᠢᠮᠦ ᠳᠡᠭᠡᠷ᠎ᠡ ᠪᠡᠨ ᠲᠤᠯᠤᠨ ᠢᠷᠡᠭᠰᠡᠨ ᠭᠡᠵᠦ ᠰᠠᠨᠠᠭ᠎ᠠ ᠦᠭᠡᠢ ᠪᠢᠯᠡ᠃ ᠰᠤᠷᠬᠠᠭᠲᠠᠨᠢ᠂
       — ᠬᠠᠷᠠᠬᠣᠷᠣᠮ ᠳ᠋ᠤ᠌ ᠤᠳᠠᠬᠤ ᠰᠠᠨᠠᠭ᠎ᠠ ᠦᠭᠡᠢ ᠪᠠᠢᠨ᠎ᠠ᠂ ᠬᠠᠭᠠᠨ ᠡᠵᠡᠨ ᠳ᠋ᠦ᠍ ᠪᠠᠷᠠᠯᠬᠠᠭᠠᠳ ᠨᠤᠲᠤᠭ ᠪᠤᠴᠠᠨ᠎ᠠ ᠭᠡᠵᠦ ᠨᠡᠮᠡᠵᠦ ᠬᠡᠯᠡᠭᠰᠡᠨ ᠨᠢ ᠳᠦᠷᠭᠡᠨ᠎ᠡ ᠬᠠᠲᠤᠨ ᠳ᠋ᠤ᠌ ᠲᠥᠷᠥ ᠶ᠋ᠢᠨ ᠬᠡᠷᠡᠭ ᠶᠠᠪᠤᠭᠤᠯᠬᠤ ᠳ᠋ᠤ᠌ ᠰᠠᠭᠠᠳ ᠬᠢᠬᠦ ᠦᠭᠡᠢ ᠭᠡᠳᠡᠭ ᠢ᠋ᠶ᠋ᠡᠨ ᠬᠡᠯᠡᠵᠦ ᠪᠠᠢᠭ᠎ᠠ ᠮᠡᠲᠦ ᠰᠣᠨᠣᠰᠤᠭᠳᠠᠪᠠ᠃
       — ᠶᠠᠭᠤᠨ ᠳ᠋ᠤᠨᠢ ᠶᠠᠭᠠᠷᠠᠬᠤ ᠪᠢᠯᠡ᠃ ᠮᠥᠩᠬᠡ ᠬᠦᠦ ᠴᠢᠨᠢ ᠬᠠᠷᠠᠬᠣᠷᠣᠮ ᠳ᠋ᠤ᠌ ᠲᠥᠪᠬᠢᠨᠡᠭᠰᠡᠨ ᠲᠤᠯᠠ ᠬᠡᠰᠡᠭ ᠲᠤᠬᠠᠯᠠᠭᠠᠳ ᠶᠠᠪᠤᠬᠤ ᠦᠭᠡᠢ ᠤᠤ? ᠠᠶᠠᠨ ᠵᠠᠮ ᠭᠡᠳᠡᠭ ᠬᠥᠮᠦᠨ ᠢ᠋ ᠠᠯᠵᠢᠶᠠᠵᠤ ᠰᠤᠷᠬᠠᠭᠲᠠᠨᠢ ᠬᠣᠢᠨ᠎ᠠ ᠭᠡᠮᠡᠨ ᠳᠦᠷᠭᠡᠨ᠎ᠡ ᠬᠤᠳᠠᠯ ᠲᠠᠯ᠎ᠠ ᠵᠠᠰᠠᠪᠠ᠃ ᠠᠪᠲᠤᠯ ᠷᠠᠬᠠᠮᠠᠨ ᠲᠠᠢ ᠰᠢᠳᠡᠷ᠎ᠡ ᠨᠡᠭᠦᠵᠦ ᠰᠠᠭᠤᠭᠰᠠᠨ ᠥᠭᠡᠳᠡᠢ ᠬᠠᠭᠠᠨ ᠨᠢᠭᠡ ᠶ᠋ᠢ ᠰᠠᠨᠠᠪᠠ ᠪᠣᠯᠤᠯᠲᠠᠢ᠂
       — ᠪᠢ ᠥᠪᠡᠷ ᠦ᠋ᠨ ᠠᠷᠤ ᠠ᠋ᠴᠠ ᠬᠠᠭᠠᠨ ᠣᠷᠣ ᠰᠠᠭᠤᠬᠤ ᠬᠥᠮᠦᠨ ᠢ᠋ ᠪᠣᠳᠣᠬᠤ ᠪᠦᠷᠢ ᠳ᠋ᠦ᠍ ᠮᠥᠩᠬᠡ ᠨᠢᠳᠦᠨ ᠦ᠌ ᠮᠢᠨᠢ ᠡᠮᠦᠨ᠎ᠡ ᠬᠠᠷᠠᠭᠳᠠᠬᠤ ᠰᠢᠭ᠋ ᠪᠣᠯᠳᠠᠭ ᠶᠤᠮ᠃ ᠬᠦᠴᠦ ᠦᠭᠡᠢ ᠪᠣᠯᠤᠭᠰᠠᠨ ᠴᠤ᠌ ᠲᠡᠭᠦᠨ ᠦ᠌ ᠲᠣᠮᠣ ᠬᠦᠦ ᠰᠢᠷᠡᠮᠦᠨ ᠳ᠋ᠦ᠍ ᠪᠢ ᠬᠠᠭᠠᠨ ᠰᠠᠭᠤᠳᠠᠯ ᠢ᠋ᠶ᠋ᠠᠨ ᠦᠯᠡᠳᠡᠭᠡᠬᠦ ᠪᠣᠳᠣᠯ ᠲᠠᠢ ᠪᠠᠢᠭ᠎ᠠ ᠬᠡᠳᠦᠢ ᠴᠤ᠌ ᠨᠠᠰᠤ ᠨᠢ ᠳᠡᠩᠳᠡᠭᠦᠦ ᠪᠠᠯᠴᠢᠷ ᠶᠤᠮ ᠳᠠ ᠭᠡᠵᠦ ᠬᠡᠯᠡᠭᠡᠳ ᠡᠮᠦᠨ᠎ᠡ ᠪᠡᠨ ᠦᠷᠦᠭᠰᠡᠨ ᠰᠢᠳᠡᠷ᠎ᠡ ᠶ᠋ᠢᠨ ᠬᠥᠯᠭᠡ ᠶ᠋ᠢ ᠬᠠᠷᠠᠵᠤ ᠨᠢᠭᠡ ᠨᠡᠭᠦᠳᠡᠯ ᠬᠢᠪᠡ᠃ ᠡᠨᠡ ᠦᠭᠡ ᠦᠷᠭᠦᠭᠡᠨ ᠳ᠋ᠦ᠍ ᠪᠠᠢᠭᠰᠠᠨ ᠬᠣᠶᠠᠷ ᠬᠠᠲᠤᠨ ᠢ᠋ ᠰᠡᠷᠲᠡᠰᠬᠢᠯᠭᠡᠨ ᠪᠡᠶ᠎ᠡ ᠪᠡᠶ᠎ᠡ ᠤᠷᠤᠭᠤ ᠪᠠᠨ ᠬᠠᠷᠠᠭᠤᠯᠬᠤ ᠳ᠋ᠤ᠌ ᠬᠦᠷᠭᠡᠪᠡ᠃ ᠬᠠᠭᠠᠨ ᠤ᠋ ᠡᠨᠡ ᠵᠠᠷᠯᠢᠭ ᠭᠡᠵᠦ ᠬᠡᠯᠡᠬᠦ ᠳ᠋ᠦ᠍ ᠬᠡᠴᠡᠭᠦᠦ᠂ ᠪᠣᠳᠣᠯ ᠭᠡᠵᠦ ᠬᠡᠯᠡᠬᠦ ᠳ᠋ᠦ᠍ ᠬᠡᠴᠡᠭᠦᠦ ᠦᠭᠡ ᠶ᠋ᠢ ᠲᠡᠳᠡᠨ ᠦ᠌ ᠬᠡᠨ ᠨᠢ ᠴᠤ᠌ ᠮᠠᠷᠲᠠᠬᠤ ᠦᠭᠡᠢ ᠪᠢᠵᠡ᠃ ᠥᠭᠡᠳᠡᠢ ᠬᠠᠭᠠᠨ᠄
    — ᠠᠪᠲᠣᠯ ᠷᠠᠬᠠᠮᠠᠨ ᠴᠢ ᠶᠠᠭ ᠦᠭᠡᠢ ᠲᠣᠯᠣᠭᠠᠢ ᠪᠣᠯᠤᠯᠲᠠᠢ᠂ ᠬᠠᠭᠠᠨ ᠮᠢᠨᠦ ᠨᠡᠭᠦᠳᠡᠯ ᠢ᠋ ᠤᠷᠢᠳᠴᠢᠯᠠᠨ ᠬᠠᠷᠠᠭᠠᠳ ᠬᠠᠷᠢᠭᠤ ᠦᠵᠡᠭᠦᠯᠵᠦ ᠪᠠᠢᠭ᠎ᠠ ᠨᠢ ᠴᠠᠭᠠᠨ᠎ᠠ ᠪᠠᠨ ᠭᠦᠢᠯᠭᠡᠭᠡ ᠤᠬᠠᠭᠠᠨ ᠲᠠᠢ ᠬᠥᠮᠦᠨ ᠶᠤᠮ ᠭᠡᠵᠦ ᠬᠡᠯᠡᠭᠡᠳ ᠬᠥᠮᠥᠰᠬᠡ ᠪᠡᠨ ᠵᠠᠩᠭᠢᠳᠤᠨ ᠰᠠᠭᠤᠬᠤ ᠳ᠋ᠤ᠌ ᠰᠤᠷᠬᠠᠭᠲᠠᠨᠢ ᠲᠡᠭᠦᠨ ᠳ᠋ᠦ᠍ ᠬᠠᠨᠳᠤᠵᠤ᠂
       — ᠬᠠᠭᠠᠨᠲᠠᠨ ᠲᠠᠨ ᠲᠠᠢ ᠭᠠᠭᠴᠠᠭᠠᠷᠴᠢᠯᠠᠨ ᠠᠭᠤᠯᠵᠠᠬᠤ ᠬᠦᠰᠡᠯᠲᠡ ᠪᠠᠢᠨ᠎ᠠ ᠭᠡᠵᠦ ᠬᠡᠯᠡᠯ᠎ᠡ᠃ ᠡᠨᠡ ᠦᠭᠡ ᠶ᠋ᠢ ᠰᠣᠨᠣᠰᠤᠭᠠᠳ ᠳᠦᠷᠭᠡᠨ᠎ᠡ ᠬᠠᠲᠤᠨ᠂ ᠠᠪᠲᠤᠯ ᠷᠠᠬᠠᠮᠠᠨ ᠬᠣᠶᠠᠷ ᠤ᠋ᠨ ᠬᠠᠷᠠᠴᠠ ᠮᠥᠷᠭᠥᠯᠳᠦᠭᠡᠳ ᠲᠡᠷᠡ ᠳᠣᠣᠷ᠎ᠠ ᠪᠠᠨ ᠰᠠᠯᠵᠤ ᠪᠠᠢᠬᠤ ᠨᠢ ᠬᠠᠷᠠᠭᠳᠠᠪᠠ᠃ ᠥᠭᠡᠳᠡᠢ ᠬᠠᠭᠠᠨ ᠨᠡᠯᠢᠶᠡᠳ ᠬᠥᠯᠴᠥᠭᠦᠷᠬᠡᠵᠡᠢ᠃ ᠲᠡᠷᠡ ᠰᠤᠷᠬᠠᠭᠲᠠᠨᠢ ᠶ᠋ᠢᠨ ᠬᠦᠰᠡᠯᠲᠡ ᠶ᠋ᠢ ᠰᠣᠨᠣᠰᠤᠭᠰᠠᠨ ᠬᠡᠳᠦᠢ ᠴᠤ᠂
       — ᠰᠤᠷᠬᠠᠭᠲᠠᠨᠢ ᠮᠠᠷᠭᠠᠰᠢ ᠪᠠᠷᠠᠯᠬᠠᠨ ᠢᠷ᠎ᠡ ᠭᠡᠵᠦ ᠬᠡᠯᠡᠯ᠎ᠡ᠃
       ᠮᠠᠷᠭᠠᠰᠢ ᠥᠷᠯᠥᠭᠡ ᠬᠠᠷᠠᠬᠣᠷᠣᠮ ᠤ᠋ᠨ ᠳᠡᠨᠵᠢ ᠶ᠋ᠢ ᠨᠡᠪᠰᠡᠢᠭᠰᠡᠨ ᠶᠡᠬᠡ ᠴᠠᠰᠤ ᠳᠠᠷᠤᠭᠰᠠᠨ ᠪᠠᠢᠯ᠎ᠠ᠃ ᠬᠠᠪᠤᠷ ᠴᠠᠭ ᠲᠤ᠌ ᠡᠢᠮᠦ ᠴᠠᠰᠤ ᠤᠨᠠᠵᠤ ᠪᠠᠢᠭ᠎ᠠ ᠨᠢ ᠶᠠᠮᠠᠷ ᠤᠴᠢᠷ ᠲᠠᠢ ᠪᠣᠯᠬᠤ ᠶ᠋ᠢ ᠬᠥᠮᠦᠨ ᠪᠦᠷᠢ ᠠᠮᠠᠨ ᠳ᠋ᠠᠭᠠᠨ ᠶᠠᠷᠢᠯᠴᠠᠨ ᠪᠠᠢᠬᠤ ᠵᠠᠭᠤᠷ᠎ᠠ ᠳ᠋ᠤ᠌ ᠲᠩᠷᠢ ᠳ᠋ᠦ᠍ ᠭᠡᠭᠡ ᠲᠠᠲᠠᠵᠤ ᠨᠠᠷᠠ ᠠᠯᠲᠠᠨ ᠰᠢᠷᠭᠠᠯ ᠥᠩᠭᠡ ᠪᠡᠷ ᠢ᠋ᠶ᠋ᠡᠨ ᠲᠤᠨᠤᠷᠠᠨ᠂ ᠤᠳᠠᠯ ᠦᠭᠡᠢ ᠶᠡᠬᠡ ᠴᠠᠰᠤ ᠶ᠋ᠢ ᠬᠠᠢᠯᠤᠭᠤᠯᠪᠠ᠃《ᠬᠠᠭᠠᠨ ᠡᠵᠡᠨ ᠮᠥᠩᠬᠡ ᠲᠡᠭᠷᠢ ᠳ᠋ᠡᠭᠡᠨ ᠪᠤᠴᠠᠯ᠎ᠠ》 ᠭᠡᠬᠦ ᠠᠶᠤᠮᠰᠢᠭᠲᠤ ᠮᠡᠳᠡᠭᠡ ᠲᠦᠢᠮᠡᠷ ᠲᠦ᠍ ᠠᠰᠠᠬᠤ ᠭᠠᠯ ᠮᠡᠲᠦ ᠳᠠᠷᠬᠠᠨ ᠢᠷᠡᠪᠡ᠃
       ᠮᠥᠩᠬᠡ ᠲᠡᠭᠷᠢ ᠬᠠᠭᠠᠨ ᠡᠵᠡᠨ ᠢ᠋ ᠳᠠᠭᠤᠳᠠᠭᠤᠯᠵᠠᠢ᠃ ᠲᠩᠷᠢ ᠶ᠋ᠢᠨ ᠵᠠᠷᠯᠢᠭ ᠢ᠋ ᠬᠠᠭᠠᠨ ᠴᠤ᠌ ᠪᠠᠢ᠂ ᠬᠠᠷᠠᠴᠤ ᠠᠷᠠᠳ ᠴᠤ᠌ ᠪᠠᠢ᠂ ᠳᠤᠭᠤᠯᠭᠠᠪᠤᠷᠢᠲᠠᠢ ᠰᠣᠨᠣᠰᠤᠨ ᠣᠳᠳᠠᠭ ᠵᠢᠮ᠎ᠡ ᠪᠡᠷ ᠲᠡᠷᠡ ᠮᠥᠩᠬᠡ ᠲᠡᠭᠷᠢ ᠶ᠋ᠢᠨ ᠵᠦᠭ ᠣᠳᠴᠠᠢ᠃ ᠥᠴᠥᠭᠡᠳᠦᠷᠬᠡᠨ ᠢᠨᠢᠶᠡᠳᠦ ᠠᠯᠲᠠᠨ ᠶᠠᠷᠢᠵᠤ ᠰᠠᠭᠤᠭᠰᠠᠨ ᠬᠠᠭᠠᠨ ᠡᠵᠡᠨ ᠥᠨᠥ ᠮᠥᠩᠬᠡ ᠲᠡᠭᠷᠢ ᠳ᠋ᠦ᠍ ᠣᠳᠤᠭᠰᠠᠨ ᠡᠨᠡ ᠠᠢᠳᠠᠰᠤᠲᠤ ᠮᠡᠳᠡᠭᠡ ᠰᠤᠷᠬᠠᠭᠲᠠᠨᠢ ᠶ᠋ᠢᠨ ᠬᠤᠪᠢ ᠳ᠋ᠤ᠌ ᠲᠡᠳᠦᠢ ᠦᠭᠡᠢ ᠪᠤᠰᠤᠳ ᠬᠥᠮᠦᠰ ᠦ᠋ᠨ ᠬᠤᠪᠢ ᠳ᠋ᠤ᠌ ᠴᠤ᠌ ᠣᠯᠠᠨ ᠠᠰᠠᠭᠤᠯᠲᠠ ᠶ᠋ᠢ ᠳᠠᠭᠠᠭᠤᠯᠤᠨ ᠢᠷᠡᠪᠡ᠃ ᠵᠠᠷᠢᠮ ᠨᠢᠭᠡᠨ ᠬᠥᠮᠦᠰ ᠬᠠᠭᠠᠨ ᠢ᠋ ᠰᠠᠷᠬᠤᠳ ᠬᠡᠲᠦᠷᠡᠭᠦᠯᠦᠨ ᠵᠣᠭᠣᠭᠯᠠᠭᠰᠠᠨ ᠠ᠋ᠴᠠ ᠪᠣᠯᠤᠭᠠᠳ ᠥᠭᠡᠳᠡ ᠪᠣᠯᠤᠯ᠎ᠠ ᠭᠡᠮᠡᠨ ᠬᠡᠯᠡᠯᠴᠡᠵᠦ ᠪᠠᠢᠬᠤ ᠳ᠋ᠤ᠌᠂ ᠵᠠᠷᠢᠮ ᠨᠢᠭᠡ ᠬᠥᠮᠦᠨ ᠨᠢ ᠬᠦᠨᠳᠦ ᠡᠪᠡᠳᠴᠢᠨ ᠨᠢ ᠰᠡᠲᠡᠷᠡᠵᠡᠢ ᠭᠡᠮᠡᠨ ᠲᠠᠭᠠᠮᠠᠭᠯᠠᠵᠤ᠂ ᠭᠠᠭᠴᠠ ᠬᠦ ᠰᠤᠷᠬᠠᠭᠲᠠᠨᠢ ᠬᠠᠲᠤᠨ ᠯᠠ ᠥᠴᠥᠭᠡᠳᠦᠷ ᠣᠷᠣᠢ ᠬᠠᠭᠠᠨ ᠲᠠᠢ ᠬᠠᠮᠲᠤ ᠰᠠᠷᠬᠤᠳ ᠵᠣᠭᠣᠭᠯᠠᠨ᠂ ᠰᠢᠳᠡᠷ᠎ᠡ ᠨᠡᠭᠦᠵᠦ ᠰᠠᠭᠤᠭᠰᠠᠨ ᠠᠪᠲᠤᠯ ᠷᠠᠬᠠᠮᠠᠨ ᠨᠢᠳᠦᠨ ᠳ᠋ᠦ᠍ᠨᠢ ᠬᠠᠷᠠᠭᠳᠠᠬᠤ ᠰᠢᠭ᠋ ᠪᠣᠯᠬᠤ ᠳ᠋ᠤ᠌《ᠠᠪᠲᠤᠯ ᠷᠠᠬᠠᠮᠠᠨ ᠤ᠋ ᠨᠠᠳᠠ ᠳ᠋ᠤ᠌ ᠵᠣᠷᠢᠭᠤᠯᠤᠨ ᠲᠤᠰᠬᠠᠢᠯᠠᠨ ᠪᠡᠯᠡᠳᠴᠦ ᠠᠪᠴᠢᠷᠠᠭᠰᠠᠨ ᠳᠠᠷᠠᠰᠤ ᠶ᠋ᠢ ᠰᠤᠷᠬᠠᠭᠲᠠᠨᠢ ᠳ᠋ᠤ᠌ ᠪᠡᠷᠢ》 ᠭᠡᠰᠡᠨ ᠬᠠᠭᠠᠨ ᠤ᠋ ᠳᠠᠭᠤ ᠬᠣᠭᠣᠯᠠᠢ ᠰᠣᠨᠣᠰᠤᠭᠳᠠᠬᠤ ᠰᠢᠭ᠋ ᠪᠣᠯᠤᠯ᠎ᠠ᠃
       ᠬᠠᠭᠠᠨ ᠡᠵᠡᠨ ᠢ᠋ ᠲᠥᠷᠥᠭᠰᠡᠨ ᠨᠤᠲᠤᠭ ᠭᠤᠷᠪᠠᠨ ᠭᠣᠣᠯ ᠤ᠋ᠨ ᠰᠠᠪᠠ ᠭᠠᠵᠠᠷ᠂ ᠤᠨᠤᠨ ᠬᠡᠷᠦᠯᠦᠨ ᠦ᠌ ᠬᠥᠪᠡᠭᠡ ᠬᠢᠵᠠᠭᠠᠷ ᠪᠤᠷᠬᠠᠨ ᠬᠠᠯᠳᠤᠨ ᠳ᠋ᠤ᠌ ᠨᠤᠲᠤᠭᠯᠠᠭᠤᠯᠤᠨ ᠶᠡᠬᠡ ᠣᠢ ᠭᠠᠰᠢᠭᠤ ᠶ᠋ᠢ ᠦᠢᠯᠡᠳᠴᠦ ᠳᠠᠭᠤᠰᠤᠯ᠎ᠠ᠃ ᠬᠠᠭᠠᠨᠲᠤ ᠲᠥᠷᠥ ᠶ᠋ᠢᠨ ᠳᠠᠷᠠᠭ᠎ᠠ ᠶ᠋ᠢᠨ ᠡᠵᠡᠨ᠂ ᠬᠠᠭᠠᠨ ᠣᠷᠣ ᠰᠠᠭᠤᠬᠤ ᠬᠥᠮᠦᠨ ᠢ᠋ ᠡᠵᠡᠨ ᠬᠠᠭᠠᠨ ᠠᠯᠪᠠᠨ ᠶᠣᠰᠣ ᠪᠠᠷ ᠨᠡᠷᠡᠯᠡᠬᠦ ᠦᠭᠡᠢ ᠪᠠᠢᠭᠰᠠᠭᠠᠷ ᠭᠡᠨᠡᠳᠲᠡ ᠮᠥᠩᠬᠡ ᠲᠡᠭᠷᠢ ᠳ᠋ᠦ᠍ ᠣᠳᠤᠭᠰᠠᠨ ᠲᠤᠯᠠ ᠳᠠᠷᠠᠭ᠎ᠠ ᠶ᠋ᠢᠨ ᠡᠵᠡᠨ ᠬᠠᠭᠠᠨ ᠰᠠᠭᠤᠳᠠᠯ ᠡᠵᠡᠭᠦᠢ ᠡᠳᠦᠷ ᠦ᠋ᠳ ᠮᠣᠩᠭᠣᠯ ᠤ᠋ᠨ ᠲᠥᠷᠥ ᠳ᠋ᠦ᠍ ᠡᠬᠢᠯᠡᠯ᠎ᠡ᠃

    ᠦᠰᠦᠭ ᠠᠮᠢᠯᠠᠭᠤᠯᠤᠭᠴᠢ᠄ ᠪᠠᠶᠠᠨᠴᠡᠴᠡᠭ᠂ ᠨᠠᠷᠠᠨᠲᠤᠶᠠᠭ᠎ᠠ᠂ ᠤᠷᠠᠨᠴᠢᠮᠡᠭ᠂ ᠨᠤᠲᠤᠭ᠂ ᠡ᠊᠂ ᠭᠤᠸ᠎ᠠ᠂ ᠣᠭ᠌ᠶᠤ ᠂ ᠣᠶᠤᠨᠴᠢᠮᠡᠭ᠂ ᠱᠠᠭᠰᠠᠯ᠂ ᠳᠡᠭᠦᠦᠵᠠᠶᠠᠭ᠎ᠠ᠂ ᠨᠡᠭᠦᠳᠡᠯ᠂ ᠪᠤᠯᠠᠭᠬᠥᠥ ᠂ ᠴᠡᠴᠡᠭ
    ᠬᠢᠨᠠᠭᠴᠢ᠄ ᠣᠳᠬᠠᠨᠰᠣ᠎ᠠ᠂ ᠰᠡᠬᠡᠭᠡᠷᠡᠯ᠂ ᠭᠠᠷᠮ᠎ᠠ᠂ ᠨᠠᠷᠠᠨ᠂ ᠪᠠᠯ᠂ ᠣᠶᠤᠨᠴᠢᠮᠡᠭ᠂ ᠨᠠᠷᠠᠨᠲᠤᠶᠠᠭ᠎ᠠ᠂ ᠭᠠᠷᠮ᠎ᠠ