ᠰᠤᠷᠬᠠᠭᠲᠠᠨᠢ ᠪᠡᠬᠢ ᠬᠠᠲᠤᠨ-ᠪᠢᠮᠪᠠ ᠶ᠋ᠢᠨ ᠰᠠᠷᠠᠨᠲᠤᠶᠠᠭ᠎ᠠ- ᠳᠥᠷᠪᠡᠳᠦᠭᠡᠷ ᠪᠦᠯᠦᠭ ᠬᠠᠭᠠᠨ ᠲᠥᠷᠥ ᠶ᠋ᠢᠨ ᠬᠠᠲᠤᠨ ᠤᠬᠠᠭᠠᠨСорхугтани бэх хатан-Бямбын Сарантуяа ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠤᠷᠬᠠᠭᠲᠠᠨᠢ ᠪᠡᠬᠢ ᠬᠠᠲᠤᠨ-ᠪᠢᠮᠪᠠ ᠶ᠋ᠢᠨ ᠰᠠᠷᠠᠨᠲᠤᠶᠠᠭ᠎ᠠ- ᠳᠥᠷᠪᠡᠳᠦᠭᠡᠷ ᠪᠦᠯᠦᠭ ᠬᠠᠭᠠᠨ ᠲᠥᠷᠥ ᠶ᠋ᠢᠨ ᠬᠠᠲᠤᠨ ᠤᠬᠠᠭᠠᠨСорхугтани бэх хатан-Бямбын Сарантуяа

ᠰᠤᠷᠬᠠᠭᠲᠠᠨᠢ ᠪᠡᠬᠢ ᠬᠠᠲᠤᠨ-ᠪᠢᠮᠪᠠ ᠶ᠋ᠢᠨ ᠰᠠᠷᠠᠨᠲᠤᠶᠠᠭ᠎ᠠ- ᠳᠥᠷᠪᠡᠳᠦᠭᠡᠷ ᠪᠦᠯᠦᠭ ᠬᠠᠭᠠᠨ ᠲᠥᠷᠥ ᠶ᠋ᠢᠨ ᠬᠠᠲᠤᠨ ᠤᠬᠠᠭᠠᠨСорхугтани бэх хатан-Бямбын Сарантуяа

ᠠᠩᠭᠢᠯᠠᠯ:ᠲᠤᠭᠤᠵᠢ ᠷᠣᠮᠠᠨ
2024-11-20

1296

ᠳᠥᠷᠪᠡᠳᠦᠭᠡᠷ ᠪᠦᠯᠦᠭ ᠬᠠᠭᠠᠨ ᠲᠥᠷᠥ ᠶ᠋ᠢᠨ ᠬᠠᠲᠤᠨ ᠤᠬᠠᠭᠠᠨ

       ᠬᠡᠳᠦᠨ ᠡᠳᠦᠷ ᠴᠢᠭᠤᠯᠤᠭᠰᠠᠨ ᠬᠤᠷᠠᠯᠳᠠᠢ ᠳᠠᠭᠤᠰᠴᠤ᠂ ᠢᠷᠡᠭᠰᠡᠨ ᠭᠡᠢᠴᠢᠳ ᠪᠤᠴᠠᠵᠤ᠂ ᠨᠤᠲᠤᠭ ᠨᠤᠲᠤᠭ ᠤ᠋ᠨ ᠵᠦᠭ ᠣᠳᠴᠠᠢ᠃ ᠰᠤᠷᠬᠠᠭᠲᠠᠨᠢ ᠬᠠᠲᠤᠨ ᠳ᠋ᠤ᠌ ᠥᠭᠡᠳᠡᠢ ᠬᠠᠭᠠᠨ ᠲᠤᠰᠬᠠᠢᠯᠠᠨ ᠥᠷᠭᠥᠭᠡ ᠪᠡᠯᠡᠳᠴᠦ ᠥᠭᠭᠦᠭᠰᠡᠨ ᠪᠠᠢᠪᠠ᠃ ᠣᠯᠠᠨ ᠬᠥᠯᠬᠢᠭᠰᠡᠨ ᠬᠠᠷᠠᠬᠣᠷᠣᠮ ᠤ᠋ᠨ ᠳᠡᠨᠵᠢ ᠳᠡᠭᠡᠷ᠎ᠡ ᠰᠢᠨᠡᠬᠡᠨ ᠪᠠᠷᠢᠭᠰᠠᠨ ᠢᠰᠡᠭᠡᠢ ᠴᠠᠭᠠᠨ ᠦᠷᠭᠦᠭᠡᠨ ᠳ᠋ᠦ᠍ ᠬᠠᠲᠤᠨ ᠡᠬᠡ ᠬᠦᠦ ᠮᠥᠩᠬᠡ ᠶ᠋ᠢᠨ ᠬᠠᠮᠲᠤ ᠪᠠᠢᠪᠠ᠃ ᠬᠦᠦ ᠨᠢ ᠰᠠᠶᠢ ᠣᠷᠣᠵᠤ ᠢᠷᠡᠭᠰᠡᠨ ᠪᠣᠯᠤᠯᠲᠠᠢ᠂ ᠭᠠᠷ ᠲᠠᠭᠠᠨ ᠪᠠᠷᠢᠭᠰᠠᠨ ᠬᠡᠳᠦᠨ ᠰᠤᠳᠤᠷ ᠢ᠋ ᠰᠢᠷᠡᠭᠡᠨ ᠳᠡᠭᠡᠷ᠎ᠡ ᠲᠠᠯᠪᠢᠵᠤ᠂ ᠠᠶᠠᠭᠠᠴᠢᠨ ᠤ᠋ ᠪᠠᠷᠢᠭᠰᠠᠨ ᠬᠠᠯᠠᠭᠤᠨ ᠴᠠᠢ ᠶ᠋ᠢ ᠲᠣᠰᠣᠨ ᠠᠪᠴᠤ ᠣᠭᠣᠴᠢᠯᠠᠨ᠎ᠠ᠃ ᠰᠢᠷᠡᠭᠡᠨ ᠳᠡᠭᠡᠷ᠎ᠡ ᠪᠠᠢᠭ᠎ᠠ ᠰᠤᠳᠤᠷ ᠢ᠋ ᠰᠣᠨᠢᠷᠬᠠᠨ ᠬᠠᠷᠠᠵᠤ ᠪᠠᠢᠭ᠎ᠠ ᠡᠬᠡ ᠶ᠋ᠢ ᠪᠡᠨ ᠠᠩᠵᠠᠭᠠᠷᠠᠭᠰᠠᠨ ᠮᠥᠩᠬᠡ᠄
    —ᠬᠠᠷᠠᠬᠣᠷᠣᠮ ᠬᠥᠯ ᠦ᠋ᠨ ᠭᠠᠵᠠᠷ ᠲᠤᠯᠠ ᠬᠣᠪᠣᠷ ᠨᠠᠨᠳᠢᠨ ᠶᠠᠭᠤᠮᠠᠰ ᠢ᠋ ᠡᠨᠳᠡ ᠡᠴᠡ ᠣᠯᠵᠤ ᠪᠣᠯᠬᠤ ᠶᠤᠮ᠃ ᠰᠠᠷᠲᠠᠭᠤᠯ ᠠ᠋ᠴᠠ ᠢᠷᠡᠭᠰᠡᠨ ᠡᠨᠡ ᠰᠤᠳᠤᠷ ᠮᠢᠨᠦ ᠰᠡᠳᠬᠢᠯ ᠢ᠋ ᠶᠡᠬᠡ ᠲᠠᠲᠠᠯ᠎ᠠ᠃ ᠣᠳᠣ ᠡᠷᠬᠡᠰ ᠦ᠋ᠨ ᠲᠤᠬᠠᠢ ᠥᠭᠦᠯᠡᠳᠡᠭ ᠠᠵᠢ ᠭᠡᠪᠡ᠃
    —ᠣᠳᠣ ᠡᠷᠬᠡᠰ ᠦ᠋ᠨ ᠲᠤᠬᠠᠢ ᠭᠡᠨ᠎ᠡ?
    — ᠲᠡᠢᠮᠦ ᠠ᠋᠂ ᠡᠵᠢ ᠠ᠋᠃ ᠲᠠ ᠪᠢᠳᠡᠨ ᠢ᠋ ᠪᠠᠭ᠎ᠠ ᠪᠠᠢᠬᠤ ᠳ᠋ᠤ᠌ ᠭᠠᠵᠠᠷ ᠤ᠋ᠨ ᠶᠠᠪᠤᠳᠠᠯ ᠢ᠋ ᠲᠠᠨᠢᠵᠤ ᠳᠠᠭᠤᠰᠬᠤ ᠶ᠋ᠢᠨ ᠴᠠᠭ ᠲᠤ ᠲᠩᠷᠢ ᠶ᠋ᠢᠨ ᠶᠠᠪᠤᠳᠠᠯ ᠢ᠋ ᠳᠤᠯᠢᠳᠠᠨ ᠬᠠᠷᠠᠵᠤ ᠰᠤᠷᠬᠤ ᠤᠴᠢᠷ ᠲᠠᠢ ᠭᠡᠵᠦ ᠬᠡᠯᠡᠳᠡᠭ ᠪᠠᠢᠭᠰᠠᠨ᠃ ᠬᠦᠦ ᠨᠢ ᠲᠡᠷᠡ ᠴᠠᠭ ᠲᠤ ᠲᠩᠷᠢ ᠶᠠᠷᠢᠳᠠᠭ ᠤᠤ ᠭᠡᠵᠦ ᠲᠠᠨ ᠠ᠋ᠴᠠ ᠠᠰᠠᠭᠤᠵᠤ ᠪᠠᠢᠭᠰᠠᠨ ᠵᠢᠭᠠᠬᠠᠨ ᠬᠦᠦ ᠪᠢᠰᠢ ᠪᠣᠯᠤᠭᠰᠠᠨ ᠰᠢᠦ ᠳᠡ᠃ ᠣᠳᠣ ᠲᠩᠷᠢ ᠶ᠋ᠢᠨ ᠲᠤᠬᠠᠢ ᠭᠦᠨ ᠮᠡᠳᠡᠯᠭᠡ ᠲᠡᠢ ᠪᠣᠯᠬᠤ ᠪᠠᠷ ᠰᠢᠮᠳᠠᠵᠤ ᠪᠠᠢᠨ᠎ᠠ ᠭᠡᠪᠡ᠃
    ᠡᠨᠡ ᠦᠶ᠎ᠡ ᠳ᠋ᠦ᠍ ᠭᠠᠳᠠᠨ᠎ᠠ  ᠳᠦᠷᠭᠡᠨ᠎ᠡ ᠬᠠᠲᠤᠨ ᠭᠦᠶᠦᠭ ᠦ᠋ᠨ ᠬᠠᠮᠲᠤ ᠣᠷᠣᠵᠤ ᠢᠷᠡᠪᠡ᠃ ᠲᠡᠳᠡᠨ ᠢ᠋ ᠳᠠᠭᠠᠯᠳᠤᠨ ᠲᠣᠯᠣᠭᠠᠢ ᠪᠠᠨ ᠬᠠᠷ᠎ᠠ ᠠᠯᠴᠢᠭᠤᠷ ᠢ᠋ᠶ᠋ᠠᠷ ᠪᠢᠲᠡᠭᠦᠯᠡᠵᠦ᠂ ᠨᠢᠭᠤᠷ ᠢ᠋ᠶ᠋ᠠᠨ ᠭᠢᠪᠯᠡᠭᠦᠷ ᠢ᠋ᠶ᠋ᠡᠷ ᠬᠠᠭᠠᠨ᠂ ᠬᠠᠷ᠎ᠠ ᠥᠩᠭᠡ ᠶ᠋ᠢᠨ ᠠᠪᠢᠳᠠ ᠭᠡᠬᠦ ᠨᠡᠪᠰᠡᠭᠡᠷ ᠬᠤᠪᠴᠠᠰᠤ ᠡᠮᠦᠰᠦᠭᠰᠡᠨ ᠯᠠᠯᠤ ᠶ᠋ᠢᠨ ᠱᠠᠰᠢᠨᠲᠠᠨ ᠡᠮᠡᠭᠲᠡᠢ ᠣᠷᠣᠵᠤ ᠢᠷᠡᠨ᠂ ᠵᠡᠭᠦᠨ ᠬᠠᠶᠠᠭᠠᠨ ᠳ᠋ᠤ᠌ ᠰᠠᠭᠤᠯ᠎ᠠ᠃ ᠵᠥᠪᠬᠡᠨ ᠨᠢᠳᠦ ᠶ᠋ᠢ ᠨᠢ ᠯᠡ ᠬᠠᠷᠠᠵᠤ ᠪᠣᠯᠬᠤ ᠬᠠᠴᠢᠨ ᠡᠲᠡᠭᠡᠳ ᠬᠤᠪᠴᠠᠰᠤ ᠲᠠᠢ ᠡᠮᠡᠭᠲᠡᠢ ᠶ᠋ᠢ ᠹᠠᠲ᠋ᠢᠮᠠ ᠭᠡᠬᠦ ᠠᠭᠠᠳ ᠲᠡᠷᠡ ᠰᠠᠷᠲᠠᠭᠤᠯ ᠢ᠋ ᠳᠠᠢᠯᠠᠬᠤ ᠦᠶ᠎ᠡ ᠳ᠋ᠦ᠍ ᠫᠧᠷᠰ ᠦ᠋ᠨ ᠳᠣᠰᠢ ᠬᠣᠲᠠ ᠠ᠋ᠴᠠ ᠣᠯᠵᠠᠨ ᠳ᠋ᠤ᠌ ᠢᠷᠡᠭᠰᠡᠨ ᠬᠥᠮᠦᠰ ᠦ᠋ᠨ ᠳᠤᠮᠳᠠ ᠲᠠᠯ᠎ᠠ ᠨᠤᠲᠤᠭ ᠲᠤ᠌ ᠦᠯᠡᠳᠡᠵᠡᠢ᠃ ᠪᠢᠲᠡᠭᠦᠦ ᠬᠠᠷ᠎ᠠ ᠬᠤᠪᠴᠠᠰᠤᠨ ᠤ᠋ ᠳᠤᠮᠳᠠ ᠠ᠋ᠴᠠ ᠬᠠᠷᠠᠭᠳᠠᠬᠤ ᠲᠣᠮᠣ ᠠᠯᠠᠭ ᠨᠢᠳᠦ ᠡᠷᠭᠢᠯᠳᠦᠨ ᠪᠠᠢᠭ᠎ᠠ ᠡᠨᠡ ᠡᠮᠡᠭᠲᠡᠢ ᠶ᠋ᠢ ᠭᠢᠪᠯᠡᠭᠦᠷ ᠦᠭᠡᠢ ᠪᠣᠯ ᠰᠠᠢᠬᠠᠨ ᠬᠡᠦᠬᠡᠨ ᠪᠣᠯᠬᠤ ᠶ᠋ᠢ ᠢᠯᠡᠳᠬᠡᠬᠦ ᠮᠡᠲᠦ᠃ ᠲᠡᠳᠡ ᠠᠮᠤᠷ ᠮᠡᠨᠳᠦ ᠪᠡᠨ ᠮᠡᠳᠡᠯᠴᠡᠨ ᠬᠡᠨ ᠬᠡᠨ ᠳ᠋ᠡᠭᠡᠨ ᠶᠣᠰᠣ ᠶ᠋ᠢ ᠦᠢᠯᠡᠳᠦᠭᠰᠡᠨ ᠦ᠌ ᠳᠠᠷᠠᠭ᠎ᠠ ᠳᠦᠷᠭᠡᠨ᠎ᠡ ᠬᠠᠲᠤᠨ ᠠᠮᠠ ᠨᠡᠭᠡᠭᠡᠵᠦ᠂
    — ᠠᠭᠤᠷᠠᠭ ᠲᠠᠭᠠᠨ ᠪᠤᠴᠠᠬᠤ ᠭᠡᠵᠦ ᠪᠠᠢᠭ᠎ᠠ ᠶ᠋ᠢ ᠴᠢᠨᠢ ᠳᠤᠭᠤᠯᠤᠭᠠᠳ ᠢᠷᠡᠯ᠎ᠡ᠃ ᠡᠨᠳᠡ ᠬᠡᠰᠡᠭ ᠰᠠᠭᠠᠲᠠᠬᠤ ᠦᠭᠡᠢ ᠶᠠᠭᠠᠬᠢᠭ᠎ᠠ ᠪᠣᠢ᠃ ᠬᠠᠷᠠᠬᠣᠷᠣᠮ ᠣᠯᠠᠨ ᠬᠥᠯ ᠦ᠋ᠨ ᠭᠠᠵᠠᠷ ᠪᠣᠯᠵᠤ᠂ ᠭᠠᠵᠠᠷ ᠭᠠᠵᠠᠷ ᠤ᠋ᠨ ᠬᠥᠮᠦᠰ ᠨᠠᠭᠠᠰᠢ ᠵᠣᠷᠢᠬᠤ ᠪᠣᠯᠤᠭᠰᠠᠨ ᠲᠤᠯᠠ ᠰᠣᠨᠢᠷᠬᠠᠯ ᠢ᠋ ᠲᠠᠨᠢ ᠪᠠᠢᠩᠭᠤ ᠲᠠᠲᠠᠵᠤ ᠪᠠᠢᠳᠠᠭ ᠪᠢᠴᠢᠭ ᠦ᠋ᠨ ᠶᠡᠬᠡ ᠬᠥᠮᠦᠰ ᠲᠡᠢ ᠴᠦ᠍ ᠡᠨᠳᠡ ᠠᠭᠤᠯᠵᠠᠵᠤ ᠪᠣᠯᠤᠨ᠎ᠠ ᠰᠢᠦ ᠳᠡ ᠭᠡᠬᠦ ᠳ᠋ᠦ᠍ ᠰᠤᠷᠬᠠᠭᠲᠠᠨᠢ ᠳᠦᠷᠭᠡᠨ᠎ᠡ ᠬᠠᠲᠤᠨ ᠤ᠋ ᠡᠨᠡ ᠨᠠᠭᠠᠰᠢ ᠲᠠᠢ ᠦᠭᠡ ᠶ᠋ᠢ ᠰᠣᠨᠣᠰᠤᠭᠠᠳ᠂
    — ᠬᠠᠷᠠᠬᠣᠷᠣᠮ ᠳ᠋ᠤ᠌ ᠰᠠᠭᠠᠲᠠᠬᠤ ᠰᠠᠢᠬᠠᠨ ᠪᠠᠶ᠋ᠢᠯ ᠦᠭᠡᠢ ᠶᠠᠭᠠᠬᠢᠬᠤ ᠪᠣᠢ᠂ ᠭᠡᠪᠡᠴᠦ ᠥᠨᠥ ᠬᠦᠷᠲᠡᠯ᠎ᠡ ᠰᠠᠭᠤᠭ᠎ᠠ ᠠᠭᠤᠷᠠᠭ ᠲᠠᠭᠠᠨ ᠰᠡᠳᠬᠢᠯ ᠬᠣᠷᠭᠣᠳᠠᠭᠠᠳ ᠪᠠᠢᠬᠤ ᠶᠤᠮ ᠭᠡᠪᠡ᠃ ᠳᠦᠷᠭᠡᠨ᠎ᠡ ᠬᠠᠲᠤᠨ ᠦᠷᠭᠦᠭᠡᠨ ᠦ᠌ ᠪᠠᠢᠷᠢ ᠪᠠᠢᠳᠠᠯ ᠢ᠋ ᠲᠣᠭᠣᠷᠢᠭᠤᠯᠤᠨ ᠬᠠᠷᠠᠬᠤ ᠵᠠᠭᠤᠷ᠎ᠠ ᠰᠤᠷᠬᠠᠭᠲᠠᠨᠢ ᠬᠠᠲᠤᠨ ᠳᠦᠷᠭᠡᠨ᠎ᠡ  ᠶ᠋ᠢ ᠬᠠᠷᠠᠵᠤ ᠰᠠᠭᠤᠭᠰᠠᠨ ᠢ᠋ᠶ᠋ᠠᠨ᠂
    — ᠬᠡᠷᠪᠡ ᠪᠢ ᠭᠦᠶᠦᠭ ᠦ᠋ᠨ ᠬᠠᠲᠤᠨ ᠪᠣᠯᠤᠭᠰᠠᠨ᠂ ᠳᠦᠷᠭᠡᠨ᠎ᠡ ᠴᠢ ᠮᠢᠨᠢ ᠬᠠᠳᠠᠮ ᠡᠬᠡ ᠪᠣᠯᠬᠤ ᠪᠠᠢᠯ᠎ᠠ ᠭᠡᠳ ᠬᠡᠯᠡᠴᠢᠬᠡᠪᠡ᠃ ᠡᠨᠡ ᠶᠠᠷᠢᠶ᠎ᠠ ᠶ᠋ᠢ ᠰᠣᠨᠣᠰᠤᠭᠰᠠᠨ ᠳᠦᠷᠭᠡᠨ᠎ᠡ ᠰᠣᠴᠢᠬᠤ ᠰᠢᠭ᠋ ᠪᠣᠯᠵᠤ᠂ ᠬᠠᠷᠢᠭᠤ ᠶᠠᠮᠠᠷ ᠦᠭᠡ ᠬᠡᠯᠡᠬᠦ ᠲᠤᠬᠠᠢ ᠪᠠᠨ ᠪᠣᠳᠣᠵᠤ ᠠᠮᠵᠢᠭ᠎ᠠ ᠦᠭᠡᠢ ᠪᠠᠢᠬᠤ ᠳ᠋ᠤ᠌ ᠬᠥᠶᠦᠭ ᠴᠦ᠍ ᠪᠠᠰᠠ ᠡᠪ ᠦᠭᠡᠢ ᠪᠠᠢᠳᠠᠯ ᠣᠷᠣᠭᠰᠠᠨ ᠪᠣᠯᠤᠯᠲᠠᠢ ᠮᠥᠩᠬᠡ ᠶ᠋ᠢ ᠳᠣᠬᠢᠨ᠂
    —ᠲᠠ ᠨᠠᠷ ᠲᠤ᠌ ᠶᠠᠷᠢᠬᠤ ᠵᠦᠢᠯ ᠪᠣᠢ ᠪᠢᠵᠡ᠃ ᠮᠥᠩᠬᠡ ᠬᠣᠶᠠᠭᠤᠯᠠ ᠭᠠᠳᠠᠭᠰᠢ ᠭᠠᠷᠤᠭᠠᠳ ᠢᠷᠡᠶ᠎ᠡ ᠭᠡᠵᠦ ᠬᠡᠯᠡᠭᠡᠳ ᠮᠥᠩᠬᠡ ᠶ᠋ᠢ ᠳᠠᠭᠠᠭᠤᠯᠤᠨ ᠦᠷᠭᠦᠭᠡᠨ ᠡᠴᠡ ᠭᠠᠷᠴᠤ ᠶᠠᠪᠤᠯ᠎ᠠ᠃ ᠬᠥᠶᠦᠭ ᠦ᠋ᠨ ᠬᠤᠪᠢ ᠳ᠋ᠤ᠌ ᠰᠤᠷᠬᠠᠭᠲᠠᠨᠢ ᠶ᠋ᠢᠨ ᠡᠷᠡᠰ ᠰᠢᠯᠤᠭᠤᠨ ᠬᠡᠯᠡᠭᠰᠡᠨ ᠦᠭᠡ ᠬᠠᠲᠤᠳ ᠤ᠋ᠨ ᠳᠤᠮᠳᠠ ᠴᠠᠭᠠᠰᠢ ᠰᠠᠭᠤᠬᠤ ᠤᠳᠬ᠎ᠠ ᠦᠭᠡᠢ ᠪᠣᠯᠤᠭᠰᠠᠨ ᠲᠤᠯᠠ ᠦᠷᠭᠦᠭᠡᠨ ᠡᠴᠡ ᠭᠠᠷᠤᠭᠰᠠᠨ ᠳᠠᠷᠤᠢ ᠰᠠᠶᠢ ᠭᠦᠨᠵᠡᠭᠡᠢ ᠠᠮᠢᠰᠬᠤᠭ᠎ᠠ ᠠᠪᠤᠨ ᠲᠠᠢᠪᠤᠰᠢᠷᠠᠬᠤ ᠶ᠋ᠢ ᠬᠦᠰᠡᠪᠡ᠃
    ᠲᠡᠷᠡ ᠬᠣᠶᠠᠷ ᠢ᠋ ᠭᠠᠷᠴᠤ ᠶᠠᠪᠤᠭᠰᠠᠨ ᠤ᠋ ᠳᠠᠷᠠᠭ᠎ᠠ ᠰᠤᠷᠬᠠᠭᠲᠠᠨᠢ ᠮᠥᠨᠥᠬᠢ ᠶᠠᠷᠢᠶ᠎ᠠ ᠶ᠋ᠢ ᠠᠬᠢᠨ ᠦᠷᠭᠦᠯᠵᠢᠯᠡᠭᠦᠯᠬᠦ ᠨᠢ ᠤᠤ ᠭᠡᠲᠡᠯ᠎ᠡ᠂
    — ᠬᠠᠭᠠᠨ ᠤ᠋ ᠬᠠᠲᠤᠳ ᠠ᠋ᠴᠠ ᠬᠠᠷᠢᠨ ᠳᠦᠷᠭᠡᠨ᠎ᠡ ᠴᠢ ᠨᠠᠳᠠ ᠰᠢᠭ᠋ ᠣᠷᠣᠨ ᠬᠣᠲᠠ ᠳ᠋ᠤ᠌ ᠤᠳᠠᠭᠠᠨ ᠰᠠᠭᠤᠬᠤ ᠳᠤᠷ᠎ᠠ ᠦᠭᠡᠢ ᠣᠷᠳᠣᠨ ᠲᠣᠭᠣᠷᠢᠨ ᠨᠡᠭᠦᠳᠡᠯᠯᠡᠨ ᠶᠠᠪᠤᠳᠠᠭ ᠭᠡᠳᠡᠭ ᠢ᠋ ᠰᠣᠨᠣᠰᠤᠭᠠᠳ ᠪᠠᠬᠠᠳᠤᠵᠤ ᠰᠠᠭᠤᠯ᠎ᠠ ᠭᠡᠪᠡ᠃ ᠡᠮᠦᠨᠡᠬᠢ ᠶᠠᠷᠢᠶ᠎ᠠ ᠶ᠋ᠢ ᠳᠠᠬᠢᠨ ᠬᠥᠨᠳᠡᠭᠰᠡᠨ ᠦᠭᠡᠢ ᠳ᠋ᠦ᠍ ᠳᠦᠷᠭᠡᠨ᠎ᠡ ᠭᠠᠢᠬᠠᠭᠰᠠᠨ ᠦᠭᠡᠢ᠃ ᠬᠡᠯᠡᠬᠦ ᠭᠡᠰᠡᠨ ᠢ᠋ᠶ᠋ᠡᠨ ᠰᠢᠯᠤᠭᠤᠬᠠᠨ ᠬᠡᠯᠡᠴᠢᠬᠡᠳᠡᠭ ᠡᠨᠡ ᠬᠠᠲᠤᠨ ᠳᠡᠮᠡᠢ ᠴᠦ᠍ ᠨᠢᠭᠡ ᠠᠮᠠᠨ ᠳᠡᠭᠡᠷ᠎ᠡ ᠪᠡᠨ ᠭᠠᠷᠤᠭᠰᠠᠨ ᠢ᠋ ᠬᠡᠯᠡᠳᠡᠭ ᠬᠥᠮᠦᠨ ᠪᠢᠰᠢ᠂ ᠴᠠᠭᠠᠨ᠎ᠠ ᠪᠠᠨ ᠶᠠᠮᠠᠷ ᠨᠢᠭᠡᠨ ᠪᠣᠳᠣᠯ ᠠᠭᠤᠯᠵᠤ ᠬᠡᠯᠡᠳᠡᠭ᠃ ᠬᠡᠯᠡᠭᠰᠡᠨ ᠦᠭᠡ ᠨᠢ ᠣᠨᠢᠰᠣᠭ᠎ᠠ ᠳᠠᠭᠠᠬᠤ ᠲᠠᠢ ᠠᠳᠠᠯᠢ ᠶᠤᠮ᠃ ᠡᠨᠡ ᠤᠳᠠᠭ᠎ᠠ ᠳ᠋ᠤ᠌ ᠴᠣᠬᠣᠮ ᠶᠠᠮᠠᠷ ᠰᠠᠨᠠᠭ᠎ᠠ ᠲᠠᠢ ᠳᠡᠭᠡᠷᠡᠬᠢ ᠦᠭᠡ ᠶ᠋ᠢ ᠬᠡᠯᠡᠭᠰᠡᠨ ᠪᠣᠯᠬᠤ ᠶ᠋ᠢ ᠳᠦᠷᠭᠡᠨ᠎ᠡ ᠬᠠᠲᠤᠨ ᠤᠬᠠᠵᠤ ᠠᠮᠵᠢᠭ᠎ᠠ ᠦᠭᠡᠢ ᠲᠤᠯᠠ ᠰᠤᠷᠬᠠᠭᠲᠠᠨᠢ ᠶ᠋ᠢᠨ ᠠᠮᠠ ᠶ᠋ᠢ ᠳᠠᠭᠠᠭᠤᠯᠤᠨ᠂
    — ᠪᠢᠳᠡ ᠪᠦᠭᠦᠳᠡᠭᠡᠷ ᠢ᠋ᠶ᠋ᠡᠨ ᠨᠡᠭᠦᠳᠡᠯᠴᠢᠨ ᠤᠯᠤᠰ᠂ ᠡᠴᠢᠭᠡ ᠡᠪᠦᠭᠡᠳ ᠮᠢᠨᠢ ᠴᠦ᠍ ᠲᠡᠢᠮᠦ ᠯᠡ ᠪᠠᠢᠭᠰᠠᠨ᠂ ᠶᠡᠬᠡᠰ ᠳᠡᠭᠡᠳᠦᠰ ᠦ᠋ᠨ ᠬᠡᠯᠡ ᠠᠮᠠᠨ ᠠ᠋ᠴᠠ ᠬᠠᠶᠠ ᠬᠠᠶᠠ ᠬᠣᠯᠠ ᠪᠠᠢᠮᠠᠷ ᠰᠠᠨᠠᠭᠳᠠᠬᠤ ᠶᠤᠮ ᠭᠡᠵᠦ ᠬᠡᠯᠡᠭᠡᠳ ᠨᠢᠭᠡ ᠶ᠋ᠢ ᠰᠠᠨᠠᠪᠠ ᠪᠣᠯᠤᠯᠲᠠᠢ ᠰᠤᠷᠬᠠᠭᠲᠠᠨᠢ ᠶ᠋ᠢ ᠨᠤᠬᠤᠴᠠᠲᠠᠢ ᠬᠠᠷᠠᠵᠤ᠂
    — ᠣᠷᠳᠣᠨ ᠳᠣᠲᠣᠷ᠎ᠠ ᠣᠯᠠᠨ ᠬᠥᠮᠦᠨ ᠨᠢᠭᠡ ᠳᠣᠣᠷ᠎ᠠ ᠪᠠᠢᠬᠤ ᠨᠢ ᠬᠣᠪ ᠵᠢᠪ ᠲᠠᠰᠤᠷᠠᠬᠤ ᠦᠭᠡᠢ ᠳᠠᠭ᠎ᠠ ᠦᠭᠡᠢ ᠰᠠᠨᠠᠭᠳᠠᠳᠠᠭ ᠶᠤᠮ᠃ ᠪᠢ ᠴᠢᠮ᠎ᠠ ᠳ᠋ᠤ᠌ ᠨᠢᠭᠡ ᠵᠦᠢᠯ ᠰᠠᠨᠠᠭᠤᠯᠤᠨ ᠬᠡᠯᠡᠬᠦ ᠭᠡᠰᠡᠨ ᠶᠦᠮ᠃ ᠰᠡᠷᠡᠮᠵᠢ ᠲᠡᠢ ᠪᠠᠢ ᠭᠡᠵᠦ ᠨᠡᠮᠡᠵᠦ ᠬᠡᠯᠡᠪᠡ᠃ ᠰᠤᠷᠬᠠᠭᠲᠠᠨᠢ᠂
    — ᠮᠥᠨ ᠳᠡ᠃ ᠳᠦᠷᠭᠡᠨ᠎ᠡ ᠬᠡᠵᠢᠶᠡᠨ ᠦ᠌ ᠡᠢᠮᠦ ᠯᠡ ᠬᠥᠮᠦᠨ ᠪᠠᠢᠭᠰᠠᠨ᠂ ᠬᠥᠬᠡ ᠲᠩᠷᠢ ᠶ᠋ᠢᠨ ᠳᠣᠣᠷ᠎ᠠ ᠴᠢ ᠪᠢᠳᠡ ᠬᠣᠶᠠᠷ ᠡᠨᠡ ᠠᠢᠯ ᠤ᠋ᠨ ᠪᠡᠷᠢ ᠪᠣᠯᠵᠤ ᠣᠷᠣᠵᠤ ᠢᠷᠡᠵᠦ ᠪᠠᠢᠭᠰᠠᠨ ᠴᠠᠭ ᠠ᠋ᠴᠠ ᠬᠣᠢᠰᠢ ᠣᠯᠠᠨ ᠠᠭᠤᠯᠵᠠᠵᠤ ᠴᠢᠳᠠᠬᠤ ᠦᠭᠡᠢ ᠴᠦ᠍ ᠪᠡᠶ᠎ᠡ ᠪᠡᠶ᠎ᠡ ᠪᠡᠨ ᠭᠡᠰᠡᠨ ᠨᠢᠭᠡᠨ ᠠᠳᠠᠯᠢ ᠰᠡᠳᠬᠢᠯ ᠡᠪᠦᠷᠯᠡᠨ ᠶᠠᠪᠤᠬᠤ ᠶᠤᠮ᠃ ᠶᠠᠭᠤ ᠪᠣᠯᠤᠭ᠎ᠠ ᠪᠣᠢ ᠭᠡᠬᠦ ᠳ᠋ᠦ᠍᠂ ᠳᠦᠷᠭᠡᠨ᠎ᠡ ᠬᠠᠶᠠᠭᠠᠨ ᠳ᠋ᠤ᠌ ᠰᠠᠭᠤᠭᠰᠠᠨ ᠹᠠᠲ᠋ᠢᠮᠠ ᠳ᠋ᠤ᠌ ᠡᠭᠦᠳᠡ ᠴᠢᠩᠨᠠᠵᠤ ᠪᠠᠢ ᠭᠡᠵᠦ ᠬᠡᠯᠡᠭᠡᠳ᠂
    — ᠴᠠᠭ ᠥᠭᠡᠷ᠎ᠡ ᠪᠣᠯᠵᠤ ᠡᠨᠡ ᠬᠡᠴᠡᠭᠦᠦ ᠴᠠᠭ ᠲᠤ ᠢᠲᠡᠭᠡᠬᠦ ᠬᠥᠮᠦᠨ ᠬᠣᠪᠣᠷ ᠲᠤᠯᠠ ᠭᠡᠳ ᠬᠠᠶᠠᠭᠠᠨ ᠳ᠋ᠤ᠌ ᠰᠠᠭᠤᠵᠤ ᠪᠣᠢ ᠹᠠᠲ᠋ᠢᠮᠠ ᠶ᠋ᠢᠨ ᠵᠦᠭ ᠬᠠᠷᠠᠩᠭᠠᠨ᠄
    —ᠰᠠᠷᠲᠠᠭᠤᠯ ᠠ᠋ᠴᠠ ᠣᠯᠵᠠᠨ ᠳ᠋ᠤ᠌ ᠢᠷᠡᠭᠰᠡᠨ ᠡᠨᠡ ᠡᠮᠡᠭᠲᠡᠢ ᠶ᠋ᠢ ᠪᠢ ᠥᠪᠡᠷ ᠦ᠋ᠨ ᠨᠢᠳᠦ ᠴᠢᠬᠢ ᠪᠣᠯᠭᠠᠵᠤ ᠳᠠᠭᠠᠭᠤᠯ ᠢ᠋ᠶ᠋ᠠᠷ ᠠᠪᠤᠭᠰᠠᠨ ᠶᠤᠮ᠃ ᠡᠨᠡ ᠬᠡᠦᠬᠡᠨ ᠳ᠋ᠦ᠍ ᠬᠠᠮᠢᠶᠠᠲᠠᠨ ᠰᠠᠳᠤᠨ᠂ ᠲᠦᠰᠢᠬᠦ ᠲᠤᠯᠬᠤ ᠬᠥᠮᠦᠨ ᠪᠠᠢᠬᠤ ᠦᠭᠡᠢ ᠲᠤᠯᠠ ᠨᠠᠮᠠᠶ᠋ᠢ ᠲᠦᠰᠢᠬᠦ ᠡᠴᠡ ᠥᠭᠡᠷ᠎ᠡ ᠠᠷᠭ᠎ᠠ ᠦᠭᠡᠢ᠃ ᠲᠡᠷᠡ ᠪᠢᠳᠡᠨ ᠦ᠌ ᠬᠡᠯᠡ ᠶ᠋ᠢ ᠭᠦᠢᠴᠡᠳ ᠰᠠᠢᠨ ᠮᠡᠳᠡᠬᠦ ᠦᠭᠡᠢ᠃ ᠮᠡᠳᠡᠬᠦ ᠦᠭᠡᠢ ᠪᠠᠢᠬᠤ ᠨᠢ ᠴᠦ᠍ ᠠᠮᠠᠷ ᠪᠢᠵᠡ ᠭᠡᠵᠦ ᠬᠡᠯᠡᠩᠭᠡᠨ ᠰᠤᠷᠬᠠᠭᠲᠠᠨᠢ ᠳ᠋ᠤ᠌ ᠣᠢᠷᠠᠲᠤᠨ ᠢᠷᠡᠵᠦ᠂
    — ᠬᠠᠭᠠᠨ ᠤ᠋ ᠬᠠᠲᠤᠳ ᠥᠪᠡᠷ ᠵᠠᠭᠤᠷ᠎ᠠ ᠪᠠᠨ ᠲᠡᠮᠡᠴᠡᠯᠳᠦᠬᠦ ᠨᠢ ᠶᠡᠬᠡ ᠪᠣᠯᠤᠯ᠎ᠠ᠃ ᠲᠤᠰ ᠪᠦᠷᠢ ᠳ᠋ᠡᠭᠡᠨ ᠥᠪᠡᠷ ᠥᠪᠡᠷ ᠦ᠋ᠨ ᠬᠥᠪᠡᠭᠦᠳ ᠲᠦ᠍ ᠭᠠᠵᠠᠷ ᠣᠷᠣᠨ᠂ ᠠᠷᠠᠳ ᠢᠷᠭᠡᠳ ᠲᠠᠰᠤᠳᠠᠨ ᠥᠭᠬᠦ ᠭᠡᠵᠦ ᠠᠳᠬᠠᠬᠤ ᠨᠢ ᠶᠡᠬᠡᠰᠴᠦ ᠪᠠᠢᠨ᠎ᠠ᠃ ᠲᠡᠢᠮᠦ ᠡᠴᠡ ᠪᠢ ᠴᠢᠮᠠᠶ᠋ᠢ ᠰᠡᠷᠡᠮᠵᠢ ᠲᠡᠢ ᠪᠠᠢ ᠭᠡᠮᠡᠨ ᠬᠡᠯᠡᠵᠦ ᠪᠠᠢᠭ᠎ᠠ ᠶᠤᠮ᠃ ᠶᠡᠬᠡ ᠡᠵᠡᠨ ᠬᠠᠭᠠᠨ ᠤ᠋ ᠭᠡᠷ ᠥᠷᠭᠥᠭᠡ ᠨᠤᠲᠤᠭᠯᠠᠵᠤ ᠪᠠᠢᠭᠰᠠᠨ ᠦᠷᠡᠵᠢᠯ ᠰᠢᠮ᠎ᠡ ᠲᠡᠢ ᠭᠠᠵᠠᠷ ᠢᠷᠭᠡᠳ ᠢ᠋ ᠬᠠᠭᠠᠨ ᠤ᠋ ᠶᠡᠬᠡ ᠬᠠᠲᠤᠳ ᠥᠪᠡᠷ ᠦ᠋ᠨ ᠬᠥᠪᠡᠭᠦᠳ ᠲᠡᠭᠡᠨ ᠠᠪᠬᠤ ᠭᠡᠵᠦ ᠬᠠᠭᠠᠨ ᠡᠵᠡᠨ ᠢ᠋ ᠰᠢᠮᠳᠠᠭᠤᠯᠤᠨ ᠪᠠᠢᠨ᠎ᠠ ᠭᠡᠬᠦ ᠳ᠋ᠦ᠍ ᠰᠤᠷᠬᠠᠭᠲᠠᠨᠢ ᠶ᠋ᠢᠨ ᠴᠢᠷᠠᠢ ᠳ᠋ᠤ᠌ ᠲᠣᠳᠣᠷᠠᠵᠤ ᠪᠠᠢᠭᠰᠠᠨ ᠭᠠᠢᠬᠠᠰᠢ ᠲᠡᠭᠡᠭᠡᠭᠰᠡᠨ ᠬᠦᠯᠢᠶᠡᠯᠲᠡ ᠢᠨᠢᠶᠡᠮᠰᠦᠭᠯᠡᠯ ᠢ᠋ᠶ᠋ᠡᠷ ᠰᠣᠯᠢᠭᠳᠠᠵᠤ᠄
    — ᠲᠩᠷᠢ ᠪᠣᠯᠤᠭᠰᠠᠨ ᠨᠥᠬᠥᠷ ᠮᠢᠨᠢ ᠠᠮᠢᠳᠤ ᠰᠡᠷᠡᠭᠦᠨ ᠠᠬᠤᠢ ᠳ᠋ᠠᠭᠠᠨ ᠥᠪᠡᠷ ᠦ᠋ᠨ ᠭᠠᠵᠠᠷ ᠨᠤᠲᠤᠭ ᠢ᠋ᠶ᠋ᠠᠨ ᠬᠠᠭᠠᠨ ᠡᠵᠡᠨ ᠳ᠋ᠦ᠍ ᠪᠠᠷᠢᠭᠰᠠᠨ ᠰᠢᠦ ᠳᠡ᠂ ᠬᠠᠷᠢᠨ ᠪᠢ ᠦᠯᠡᠳᠡᠭᠰᠡᠨ ᠬᠡᠰᠡᠭ ᠢ᠋ ᠬᠠᠭᠠᠨ ᠥᠪᠡᠷ ᠦ᠋ᠨ ᠵᠠᠷᠯᠢᠭ ᠢ᠋ᠶ᠋ᠠᠷ ᠲᠠᠯᠢᠢᠭᠴᠢ ᠡᠷ᠎ᠡ ᠨᠥᠬᠥᠷ ᠡᠴᠡ ᠮᠢᠨᠢ ᠬᠣᠢᠰᠢ ᠲᠣᠮᠣ ᠬᠦᠦ ᠮᠥᠩᠬᠡ ᠳ᠋ᠦ᠍ᠨᠢ ᠥᠪᠯᠡᠭᠦᠯᠦᠨ ᠥᠭᠭᠦᠭᠰᠡᠨ ᠲᠤᠯᠠ ᠰᠠᠨᠠᠭ᠎ᠠ ᠠᠮᠤᠷ ᠪᠠᠢᠵᠤ ᠪᠣᠯᠤᠨ᠎ᠠ᠃
    — ᠳᠦᠷᠭᠡᠨ᠎ᠡ ᠡᠭᠦᠳᠡᠨ ᠳ᠋ᠦ᠍ ᠰᠠᠭᠤᠭ᠎ᠠ ᠹᠠᠲ᠋ᠢᠮᠠ ᠶ᠋ᠢ ᠳᠠᠬᠢᠨ ᠬᠠᠷᠠᠭᠰᠠᠨ ᠢ᠋ᠶ᠋ᠠᠨ᠂
    — ᠰᠠᠶᠢᠬᠠᠨ ᠪᠣᠯᠤᠭᠰᠠᠨ ᠣᠢᠷᠠᠳ ᠤ᠋ᠨ ᠬᠡᠷᠡᠭ ᠢ᠋ ᠰᠠᠨᠠᠵᠤ ᠪᠠᠢᠨ᠎ᠠ ᠤᠤ᠂ ᠬᠠᠭᠠᠨ ᠡᠵᠡᠨ ᠴᠠᠴᠠᠢᠭᠡᠨ ᠦ᠌ ᠭᠠᠵᠠᠷ ᠨᠤᠲᠤᠭ ᠢ᠋ ᠥᠪᠡᠷ ᠦ᠋ᠨ ᠪᠣᠯᠭᠠᠭᠰᠠᠨ᠃ ᠴᠢᠩᠭᠢᠰ ᠬᠠᠭᠠᠨ ᠤ᠋ ᠶᠡᠬᠡ ᠬᠠᠲᠤᠳ ᠤ᠋ᠨ ᠮᠠᠲᠠᠯ ᠳ᠋ᠤ᠌ ᠪᠠᠢᠭᠰᠠᠨ ᠨᠤᠲᠤᠭ ᠤᠰᠤ ᠣᠳᠣ ᠥᠭᠡᠳᠡᠢ ᠬᠠᠭᠠᠨ ᠡᠵᠡᠨ ᠦ᠌ ᠶᠡᠬᠡ ᠬᠠᠲᠤᠳ ᠤ᠋ᠨ ᠦᠷ᠎ᠡ ᠬᠡᠦᠬᠡᠳ ᠦ᠋ᠨ ᠮᠠᠲᠠᠯ ᠳ᠋ᠤ᠌ ᠠᠯᠭᠤᠷ ᠢ᠋ᠶ᠋ᠠᠷ ᠰᠢᠯᠵᠢᠵᠦ ᠪᠠᠢᠨ᠎ᠠ ᠭᠡᠪᠡ᠃ ᠰᠤᠷᠬᠠᠭᠲᠠᠨᠢ ᠳᠦᠷᠭᠡᠨ᠎ᠡ ᠬᠠᠲᠤᠨ ᠤ᠋ ᠶᠠᠷᠢᠵᠤ ᠪᠣᠢ ᠵᠦᠢᠯ ᠳ᠋ᠦ᠍ ᠰᠡᠳᠬᠢᠯ ᠡᠮᠲᠡᠷᠡᠨ ᠪᠠᠢᠭ᠎ᠠ ᠪᠣᠯᠪᠠᠴᠤ᠂
    — ᠬᠠᠭᠠᠨ ᠡᠵᠡᠨ ᠵᠠᠷᠯᠢᠭ ᠪᠠᠭᠤᠯᠭᠠᠪᠠᠯ ᠪᠢ ᠶᠠᠭᠠᠬᠢᠯᠲᠠᠢ᠂ ᠭᠡᠪᠡᠴᠦ ᠭᠠᠯ ᠭᠣᠯᠣᠮᠲᠠ ᠪᠠᠨ ᠰᠠᠬᠢᠭᠰᠠᠨ ᠬᠥᠮᠦᠨ ᠦ᠌ ᠶᠣᠰᠣ ᠪᠠᠷ ᠰᠡᠷᠡᠮᠵᠢ ᠲᠡᠢ ᠪᠠᠢᠵᠤ ᠦᠭᠡ ᠶ᠋ᠢ ᠴᠢᠨᠢ ᠰᠠᠨᠠᠵᠤ ᠶᠠᠪᠤᠶ᠎ᠠ ᠭᠡᠪᠡ᠃
ᠲᠡᠷᠡ ᠳᠦᠷᠭᠡᠨ᠎ᠡ ᠬᠠᠲᠤᠨ ᠤ᠋ ᠵᠦᠭ ᠳᠣᠲᠣᠨᠣ ᠨᠢᠳᠦ ᠪᠡᠷ ᠬᠠᠷᠠᠵᠤ ᠰᠠᠭᠤᠯ᠎ᠠ᠃ ᠳᠦᠷᠭᠡᠨ᠎ᠠ ᠬᠠᠲᠤᠨ ᠬᠡᠯᠡᠬᠦ ᠵᠦᠢᠯ ᠢ᠋ᠶ᠋ᠡᠨ ᠳᠠᠭᠤᠰᠤᠭᠰᠠᠨ ᠪᠣᠯᠤᠯᠲᠠᠢ ᠹᠠᠲ᠋ᠢᠮᠠ ᠶ᠋ᠢ ᠳᠠᠭᠠᠭᠤᠯᠤᠨ ᠦᠷᠭᠦᠭᠡᠨ ᠡᠴᠡ ᠭᠠᠷᠴᠤ ᠶᠠᠪᠤᠯ᠎ᠠ᠃ ᠬᠠᠷᠢᠨ ᠲᠡᠳᠡᠨ ᠢ᠋ ᠭᠠᠷᠤᠭᠰᠠᠨ ᠤ᠋ ᠳᠠᠷᠠᠭ᠎ᠠ ᠰᠤᠷᠬᠠᠭᠲᠠᠨᠢ《ᠳᠥᠷᠭᠡᠨ᠎ᠡ ᠬᠠᠲᠤᠨ ᠨᠠᠳᠠ ᠳ᠋ᠤ᠌ ᠰᠠᠨᠠᠭᠤᠯᠭ᠎ᠠ ᠬᠡᠯᠡᠬᠦ ᠪᠡᠷ ᠣᠷᠣᠵᠤ ᠢᠷᠡᠬᠦ ᠳ᠋ᠡᠭᠡᠨ ᠭᠦᠶᠦᠭ ᠢ᠋ ᠳᠠᠭᠠᠭᠤᠯᠤᠨ ᠢᠷᠡᠭᠰᠡᠨ ᠨᠢ ᠶᠠᠮᠠᠷ ᠤᠴᠢᠷ ᠲᠠᠢ ᠪᠠᠢᠬᠤ ᠪᠣᠢ? ᠬᠡᠷᠪᠡ ᠪᠢ ᠬᠥᠶᠦᠭ ᠲᠡᠢ ᠭᠡᠷᠯᠡᠭᠰᠡᠨ ᠪᠣᠯ ᠪᠢᠳᠡᠨ ᠦ᠌ ᠡᠵᠡᠮᠰᠢᠯ ᠪᠦᠬᠦᠯᠢ ᠳ᠋ᠡᠭᠡᠨ ᠬᠠᠭᠠᠨ ᠤ᠋ ᠮᠠᠲᠠᠯ ᠳ᠋ᠤ᠌ ᠣᠴᠢᠵᠤ᠂ ᠨᠢᠭᠡᠨ ᠠᠢᠯ ᠤ᠋ᠨ ᠪᠡᠷᠢ ᠪᠣᠯᠵᠤ ᠬᠠᠮᠲᠤ ᠰᠢᠬᠠᠮ ᠣᠷᠣᠵᠤ ᠢᠷᠡᠭᠰᠡᠨ ᠳᠥᠷᠭᠡᠨ᠎ᠡ ᠪᠢᠳᠡ ᠬᠣᠶᠠᠷ ᠤ᠋ᠨ ᠳᠤᠮᠳᠠ ᠣᠭᠲᠣ ᠥᠭᠡᠷ᠎ᠡ ᠬᠠᠷᠢᠯᠴᠠᠭ᠎ᠠ ᠡᠭᠦᠰᠬᠡᠬᠦ ᠪᠠᠢᠯ᠎ᠠ᠃ ᠮᠡᠳᠡᠭᠡᠵᠢ ᠳᠦᠷᠭᠡᠨ᠎ᠡ ᠶ᠋ᠢᠨ ᠡᠷᠬᠡ ᠮᠠᠲᠠᠯ ᠬᠡᠮᠵᠢᠶᠡᠯᠡᠰᠢ ᠦᠭᠡᠢ ᠶᠡᠬᠡ ᠪᠣᠯᠤᠨ᠎ᠠ᠁ ᠥᠭᠡᠳᠡᠢ ᠬᠠᠭᠠᠨ ᠡᠵᠡᠨ ᠦ᠌ ᠨᠠᠮᠠᠶ᠋ᠢ ᠭᠦᠶᠦᠭ ᠲᠡᠢ ᠭᠡᠷᠯᠡᠭᠦᠯᠦᠶ᠎ᠡ ᠭᠡᠰᠡᠨ ᠰᠠᠨᠠᠭ᠎ᠠ ᠠᠷᠠᠢ ᠳᠥᠷᠭᠢᠨ᠎ᠡ ᠬᠠᠲᠤᠨ ᠤ᠋ ᠬᠢ ᠪᠠᠢᠭᠰᠠᠨ ᠶᠤᠮ ᠪᠢᠰᠢ ᠪᠢᠵᠡ》 ᠭᠡᠵᠦ ᠪᠣᠳᠣᠭᠳᠠᠭᠠᠳ ᠠᠷᠠᠢ  ᠴᠤ᠌ ᠦᠭᠡᠢ ᠪᠢᠵᠡ ᠭᠡᠮᠡᠨ ᠲᠠᠢᠪᠤᠰᠢᠷᠠᠯ᠎ᠠ᠃
    ᠥᠭᠡᠳᠡᠢ ᠬᠠᠭᠠᠨ ᠤ᠋ ᠦᠶ᠎ᠡ ᠳ᠋ᠦ᠍ ᠡᠵᠡᠨᠲᠦ ᠭᠦᠷᠦᠨ ᠦ᠌ ᠭᠠᠵᠠᠷ ᠨᠤᠲᠤᠭ ᠤᠷᠢᠳ ᠡᠮᠦᠨᠡᠬᠢ ᠡᠴᠡ ᠢᠯᠡᠭᠦᠦ ᠲᠡᠯᠡᠵᠦ ᠪᠠᠢᠭ᠎ᠠ  ᠴᠤ᠌ ᠬᠠᠭᠠᠨ ᠥᠪᠡᠷ ᠦ᠋ᠨ ᠦᠷ᠎ᠡ ᠬᠡᠦᠬᠡᠳ ᠦ᠋ᠳ ᠲᠡᠭᠡᠨ ᠠᠯᠲᠠᠨ ᠤᠷᠤᠭ ᠤ᠋ᠨ ᠬᠢᠨ ᠪᠣᠯᠤᠨ ᠴᠢᠩᠭᠢᠰ ᠬᠠᠭᠠᠨ ᠤ᠋ ᠬᠠᠲᠤᠳ ᠤ᠋ᠨ ᠭᠠᠵᠠᠷ ᠨᠤᠲᠤᠭ ᠠ᠋ᠴᠠ ᠥᠮᠴᠢ ᠪᠣᠯᠭᠠᠨ ᠲᠠᠰᠤᠳᠠᠨ ᠥᠭᠭᠦᠭᠰᠡᠭᠡᠷ ᠪᠠᠢᠪᠠ᠃ ᠡᠵᠡᠨ ᠴᠢᠩᠭᠢᠰ ᠬᠠᠭᠠᠨ ᠤ᠋ ᠴᠤᠭᠯᠠᠭᠤᠯᠤᠭᠰᠠᠨ ᠶᠡᠬᠡ ᠮᠣᠩᠭᠣᠯ ᠤᠯᠤᠰ ᠴᠠᠭ ᠬᠤᠭᠤᠴᠠᠭ᠎ᠠ ᠥᠩᠭᠡᠷᠡᠬᠦ ᠲᠣᠰᠤᠮ ᠲᠡᠭᠦᠨ  ᠦ᠌ ᠬᠥᠪᠡᠭᠦᠳ᠂ ᠦᠷ᠎ᠡ ᠠᠴᠢ ᠶ᠋ᠢᠨ ᠬᠠᠷᠢᠶᠠᠯᠠᠯ ᠳ᠋ᠤ᠌ ᠪᠠᠭᠲᠠᠨ ᠬᠤᠪᠢᠶᠠᠭᠳᠠᠵᠤ᠂ ᠲᠡᠳᠡᠨ ᠦ᠌ ᠦᠷ᠎ᠡ ᠬᠡᠦᠬᠡᠳ ᠦ᠋ᠳ ᠬᠣᠷᠸ᠎ᠠ ᠶ᠋ᠢᠨ ᠡᠯᠢᠭᠡᠨ ᠳᠡᠭᠡᠷ᠎ᠡ ᠰᠢᠨ᠎ᠡ ᠪᠡᠷ ᠮᠡᠨᠳᠦᠯᠡᠵᠦ᠂ ᠤᠷᠤᠭ ᠤᠳᠤᠮ ᠥᠷᠭᠡᠵᠢᠨ ᠲᠡᠯᠡᠬᠦ ᠶ᠋ᠢᠨ ᠬᠢᠷᠢ ᠪᠡᠷ ᠥᠩᠭᠡᠷᠡᠭᠰᠡᠨ ᠪᠦᠬᠦᠨ ᠲᠡᠦᠬᠡ ᠪᠣᠯᠤᠨ ᠦᠯᠡᠳᠡᠵᠦ᠂ ᠡᠪᠦᠭᠡ ᠡᠴᠢᠭᠡ ᠶ᠋ᠢᠨ ᠢ᠋ᠶ᠋ᠡᠨ ᠴᠤᠭᠯᠠᠭᠤᠯᠤᠭᠰᠠᠨ ᠤᠯᠤᠰ ᠢ᠋ ᠥᠪᠡᠷ ᠬᠣᠭᠣᠷᠣᠨᠳᠣ ᠪᠠᠨ ᠪᠤᠯᠢᠶᠠᠯᠳᠤᠨ ᠪᠣᠢ ᠮᠡᠲᠦ ᠬᠠᠴᠢᠨ ᠳᠦᠷᠢ ᠵᠢᠷᠤᠭ᠂ ᠦᠨᠡᠨ ᠬᠤᠪᠢ ᠲᠠᠪᠢᠯᠠᠩ᠂ ᠬᠡᠵᠢᠶ᠎ᠡ ᠮᠥᠳᠳᠥ ᠦᠭᠡᠢ ᠣᠷᠣᠬᠤ ᠨᠢ ᠲᠣᠳᠣᠷᠬᠠᠢ ᠪᠣᠷᠣᠭᠠᠨ ᠤ᠋ ᠡᠭᠦᠯᠡ ᠰᠢᠭ ᠪᠠᠷᠠᠭᠠᠨᠳᠠᠨ ᠬᠠᠷᠠᠭᠳᠠᠬᠤ ᠰᠢᠭ᠋ ᠪᠣᠯᠬᠤ ᠳ᠋ᠤ᠌ ᠮᠥᠩᠬᠡ ᠲᠩᠷᠢ ᠳ᠋ᠡᠭᠡᠨ ᠵᠠᠯᠪᠠᠷᠢᠪᠠ᠃ ᠳᠦᠷᠭᠡᠨ᠎ᠠ ᠬᠠᠲᠤᠨ ᠤ᠋ ᠬᠡᠯᠡᠭᠰᠡᠨ ᠦᠭᠡᠰ ᠪᠦᠭᠦᠳᠡ ᠦᠨᠡᠨ᠂ ᠰᠤᠷᠬᠠᠭᠲᠠᠨᠢ ᠳ᠋ᠤ᠌ ᠢᠮᠠᠭᠲᠠ ᠦᠨᠡᠨ ᠢ᠋ ᠳᠣᠭᠣᠯᠭᠠᠵᠤ᠂ ᠬᠡᠯᠡ ᠴᠢᠮᠡᠭᠡ ᠶ᠋ᠢ ᠪᠤᠰᠤᠳ ᠠ᠋ᠴᠠ ᠤᠷᠢᠲᠠᠨ ᠥᠭᠳᠡᠭ ᠳᠦᠷᠭᠡᠨ᠎ᠡ ᠬᠠᠲᠤᠨ ᠲᠡᠷᠡ ᠵᠢᠯ ᠰᠣᠷᠬᠠᠭᠳᠠᠨᠢ ᠶ᠋ᠢ ᠡᠰᠢ ᠬᠠᠲᠤᠨ ᠪᠣᠯᠭᠠᠨ ᠲᠣᠳᠣᠷᠠᠭᠤᠯᠬᠤ ᠳ᠋ᠤ᠌ ᠮᠦᠬᠡ ᠬᠠᠲᠤᠨ ᠢ᠋ ᠲᠤᠷᠰᠢᠨ ᠦᠵᠡᠶ᠎ᠡ ᠭᠡᠰᠡᠨ ᠢ᠋ ᠠᠩᠬ᠎ᠠ ᠲᠦᠷᠦᠭᠦᠨ ᠰᠣᠨᠣᠰᠬᠠᠵᠤ ᠪᠠᠢᠭᠰᠠᠨ᠃ ᠮᠥᠩᠬᠡ ᠲᠩᠷᠢ ᠶ᠋ᠢᠨ ᠠᠪᠤᠷᠠᠯ ᠢ᠋ᠶ᠋ᠠᠷ ᠤᠤ? ᠮᠥᠨᠥᠬᠢ ᠪᠣᠳᠢ ᠰᠡᠳᠬᠢᠯ ᠦ᠋ᠨ ᠬᠦᠴᠦ ᠪᠡᠷ ᠤᠤ? ᠠᠢᠳᠠᠰ ᠲᠦᠭᠰᠢᠭᠦᠷᠢ ᠠᠷᠤ ᠳ᠋ᠤ᠌ ᠬᠣᠴᠣᠷᠤᠨ ᠦᠯᠡᠳᠡᠵᠦ ᠪᠠᠢᠭᠰᠠᠨ ᠲᠡᠷᠡ ᠵᠢᠯ ᠦ᠋ᠨ ᠶᠠᠪᠤᠳᠠᠯ ᠨᠢᠳᠦᠨ ᠦ᠌ ᠡᠮᠦᠨ᠎ᠡ ᠵᠤᠷᠠᠢᠨ ᠬᠠᠷᠠᠭᠳᠠᠨ᠎ᠠ᠃ ᠶᠠᠭ ᠦᠨᠡᠨ ᠳ᠋ᠡᠭᠡᠨ ᠰᠣᠷᠬᠠᠭᠳᠠᠨᠢ ᠳ᠋ᠤ᠌ ᠲᠡᠢᠮᠦ ᠪᠣᠳᠢ ᠰᠡᠳᠬᠢᠯ ᠪᠠᠢᠬᠤ ᠠᠪᠠᠰᠤ ᠬᠠᠭᠠᠨ ᠡᠵᠡᠨ ᠥᠭᠡᠳᠡᠢ ᠶ᠋ᠢ ᠡᠪᠡᠳᠦᠨ ᠠᠯᠵᠢᠶᠠᠵᠤ ᠪᠠᠢᠬᠤ ᠳ᠋ᠤ᠌ ᠡᠷ᠎ᠡ ᠨᠥᠬᠥᠷ ᠨᠢ ᠵᠣᠯᠢᠶ᠎ᠠ ᠪᠣᠯᠤᠨ ᠣᠳᠬᠤ ᠤᠴᠢᠷ ᠦᠭᠡᠢ ᠰᠠᠨ᠃ ᠭᠡᠪᠡᠴᠦ ᠮᠥᠩᠬᠡ ᠲᠩᠷᠢ ᠲᠡᠭᠡᠵᠦ ᠳᠠᠭᠠᠯᠠᠭᠰᠠᠨ ᠲᠤᠯᠠ ᠲᠩᠷᠢ ᠶ᠋ᠢᠨ ᠬᠦᠴᠦ ᠭᠠᠵᠠᠷ ᠤ᠋ᠨ ᠬᠠᠤᠯᠢ ᠶ᠋ᠢᠨ ᠡᠮᠦᠨ᠎ᠡ ᠪᠣᠳᠢ ᠰᠡᠳᠬᠢᠯ ᠦ᠋ᠨ ᠬᠦᠴᠦ ᠳᠤᠲᠠᠨ ᠪᠠᠢᠭᠰᠠᠨ ᠪᠢᠵᠡ᠃
        ᠮᠥᠩᠬᠡ ᠬᠦᠦ ᠨᠢ ᠠᠯᠲᠠᠨ ᠤᠯᠤᠰ ᠠ᠋ᠴᠠ ᠢᠷᠡᠭᠰᠡᠨ ᠳᠠᠷᠤᠢ ᠳ᠋ᠠᠭᠠᠨ《ᠡᠴᠢᠭᠡ ᠮᠢᠨᠢ ᠬᠠᠭᠠᠨ ᠰᠠᠭᠤᠷᠢᠨ ᠳ᠋ᠤ᠌ ᠰᠠᠭᠤᠵᠤ ᠶᠡᠬᠡ ᠶᠣᠰᠣ ᠶ᠋ᠢ ᠦᠢᠯᠡᠳᠦᠭᠦᠯᠦᠭᠰᠡᠨ ᠦ᠌ ᠳᠠᠷᠠᠭ᠎ᠠ᠂ ᠬᠠᠭᠠᠨ ᠠᠬ᠎ᠠ ᠶ᠋ᠢᠨ ᠡᠮᠦᠨ᠎ᠡ ᠡᠴᠡ ᠵᠣᠯᠢᠶ᠎ᠠ ᠪᠣᠯᠤᠨ ᠣᠳᠤᠭᠰᠠᠨ》ᠭᠡᠬᠦ ᠬᠠᠴᠢᠨ ᠵᠢᠭᠲᠡᠢ ᠶᠠᠭᠤᠮ᠎ᠠ ᠶᠠᠷᠢᠭᠰᠠᠨ ᠢ᠋ᠶ᠋ᠠᠨ《ᠮᠢᠨᠦ ᠡᠴᠢᠭᠡ ᠬᠠᠭᠠᠨ ᠪᠠᠢᠵᠠᠢ》 ᠭᠡᠵᠦ ᠨᠡᠮᠡᠵᠦ ᠬᠡᠯᠡᠵᠦ ᠪᠠᠢᠭᠰᠠᠨ ᠨᠢ ᠰᠠᠨᠠᠭᠳᠠᠨ᠎ᠠ᠃《ᠭᠣᠯᠣᠮᠲᠠ ᠵᠠᠯᠭᠠᠬᠤ ᠤᠳᠬᠤᠨ ᠬᠦᠦ ᠲᠤᠯᠤᠢ ᠦᠨᠡᠬᠡᠷ ᠮᠥᠩᠬᠡ ᠲᠩᠷᠢ ᠶ᠋ᠢᠨ ᠳᠣᠣᠷ᠎ᠠ ᠬᠠᠭᠠᠨ ᠪᠣᠯᠬᠤ ᠬᠤᠪᠢ ᠲᠠᠢ ᠲᠥᠷᠥᠭᠰᠡᠨ ᠴᠤ᠌ ᠬᠠᠭᠠᠨ ᠰᠢᠷᠡᠭᠡᠨ ᠳ᠋ᠦ᠍ ᠰᠠᠭᠤᠨ ᠬᠠᠮᠤᠭ ᠢ᠋ ᠵᠠᠬᠢᠷᠬᠤ ᠪᠤᠰᠤ᠂ ᠬᠠᠯᠠᠭᠤᠨ ᠠᠮᠢ ᠪᠠᠨ ᠵᠣᠯᠢᠬᠤ ᠤᠴᠢᠷ ᠲᠠᠢ ᠪᠠᠢᠵᠠᠢ》 ᠭᠡᠮᠡᠨ ᠪᠣᠳᠣᠬᠤ ᠳ᠋ᠤ᠌ ᠰᠡᠳᠬᠢᠯ ᠰᠢᠮᠰᠢᠷᠡᠬᠦ ᠰᠢᠭ ᠪᠣᠯᠤᠨ᠎ᠠ᠃
      *
        ᠬᠠᠲᠤᠳ ᠤ᠋ᠨ ᠦᠷᠭᠦᠭᠡᠨ ᠡᠴᠡ ᠭᠠᠷᠤᠭᠰᠠᠨ ᠮᠥᠩᠬᠡ᠂ ᠭᠦᠶᠦᠭ ᠬᠣᠶᠠᠷ ᠣᠯᠠᠨ ᠴᠤᠭᠯᠠᠭᠰᠠᠨ ᠬᠠᠷᠠᠬᠣᠷᠣᠮ ᠤ᠋ᠨ ᠳᠤᠮᠳᠠᠭᠤᠷ ᠠᠯᠬᠤᠵᠤ ᠶᠠᠪᠤᠯ᠎ᠠ᠃ ᠲᠡᠳᠡᠨ ᠦ᠌ ᠠᠷᠤ ᠠ᠋ᠴᠠ ᠥᠪᠡᠷ ᠥᠪᠡᠷ ᠦ᠋ᠨ ᠬᠡᠪᠲᠡᠭᠦᠯ ᠦ᠋ᠳ ᠳᠠᠭᠠᠯᠳᠤᠨ ᠶᠠᠪᠤᠭ᠎ᠠ ᠬᠠᠷᠠᠭᠳᠠᠨ᠎ᠠ᠃ ᠣᠯᠠᠨ ᠬᠥᠯᠬᠢᠭᠰᠡᠨ ᠡᠨᠡ ᠭᠠᠵᠠᠷ ᠤ᠋ᠨ ᠳᠤᠮᠳᠠᠭᠤᠷ ᠠᠯᠲᠠᠨ ᠤᠷᠤᠭ ᠤ᠋ᠨ ᠡᠷᠬᠢᠮ ᠳᠡᠭᠡᠳᠦ ᠠᠯᠬᠤᠨ ᠶᠠᠪᠤᠵᠤ ᠪᠠᠢᠭ᠎ᠠ ᠲᠤᠯᠠ ᠬᠡᠪᠲᠡᠭᠦᠯ ᠦ᠋ᠳ ᠦ᠋ᠨ ᠵᠠᠷᠢᠮ ᠬᠡᠰᠡᠭ ᠡᠮᠦᠨ᠎ᠡ ᠨᠢ ᠭᠠᠷᠴᠤ ᠵᠠᠮ ᠲᠠᠯᠪᠢᠨ᠂ ᠵᠠᠷᠢᠮ ᠨᠢ ᠠᠷᠤ ᠠ᠋ᠴᠠ ᠨᠢ ᠬᠠᠮᠠᠭᠠᠯᠠᠵᠤ ᠶᠠᠪᠤᠨ᠎ᠠ᠃ ᠬᠣᠶᠠᠷ ᠵᠠᠯᠠᠭᠤ ᠬᠡᠰᠡᠭ ᠶᠠᠪᠤᠭᠠᠳ ᠨᠢᠭᠡᠨ ᠶᠡᠬᠡ ᠦᠷᠭᠦᠭᠡᠨ ᠦ᠌ ᠭᠠᠳᠠᠭ᠎ᠠ ᠣᠴᠢᠵᠤ ᠵᠣᠭᠰᠣᠯ᠎ᠠ᠃ ᠬᠥᠶᠦᠭ ᠰᠠᠶᠢ ᠠᠮᠠ ᠨᠡᠭᠡᠭᠡᠵᠦ᠄
    — ᠬᠠᠭᠠᠨ ᠠᠪᠤ ᠠᠰᠠᠷᠠᠬᠤᠢ ᠶ᠋ᠢᠨ ᠶᠣᠰᠣ ᠶ᠋ᠢ ᠳᠠᠭᠠᠨ ᠬᠠᠲᠤᠨ ᠡᠬᠡ ᠶ᠋ᠢ ᠲᠠᠨᠢ ᠨᠠᠳᠠ ᠲᠠᠢ ᠭᠡᠷᠯᠡᠭᠦᠯᠬᠦ ᠭᠡᠵᠦ ᠪᠠᠢᠭ᠎ᠠ ᠶ᠋ᠢ ᠳᠤᠭᠤᠯᠤᠭᠠᠳ ᠬᠡᠷᠬᠢᠬᠦ ᠪᠡᠨ ᠮᠡᠳᠡᠬᠦ ᠦᠭᠡᠢ ᠰᠠᠨᠳᠤᠷᠴᠤ ᠪᠠᠢᠯ᠎ᠠ᠃ ᠬᠥᠶᠦᠭ ᠡᠢᠨ ᠬᠡᠯᠡᠭᠡᠳ ᠭᠦᠨᠵᠡᠭᠡᠢ ᠰᠠᠨᠠᠭ᠎ᠠ ᠠᠯᠲᠠᠨ ᠠᠮᠢᠰᠬᠤᠭ᠎ᠠ ᠠᠪᠴᠤ᠄
    — ᠬᠠᠷᠢᠨ ᠬᠠᠲᠤᠨ ᠡᠬᠡ ᠲᠠᠨᠢ ᠡᠨᠡ ᠰᠢᠢᠳᠪᠦᠷᠢ ᠡᠴᠡ ᠤᠬᠠᠭᠠᠯᠢᠭ ᠢ᠋ᠶ᠋ᠠᠷ ᠲᠠᠲᠠᠭᠠᠯᠵᠠᠨ ᠭᠠᠷᠴᠤ ᠴᠢᠳᠠᠯ᠎ᠠ᠃ ᠬᠠᠭᠠᠨ ᠤ᠋ ᠡᠨᠡ ᠰᠢᠢᠳᠪᠦᠷᠢ ᠭᠡᠨᠡᠳᠲᠡ ᠶ᠋ᠢᠨ ᠪᠠᠢᠭᠰᠠᠨ ᠲᠤᠯᠠ ᠪᠢᠳᠡᠨ ᠦ᠌ ᠬᠡᠨ ᠬᠡᠨ ᠨᠢ ᠤᠷᠢᠳᠴᠢᠯᠠᠵᠤ ᠮᠡᠳᠡᠭᠰᠡᠨ ᠦᠭᠡᠢ᠃ ᠮᠥᠩᠬᠡ ᠭᠦᠶᠦᠭ ᠦ᠋ᠨ ᠶᠠᠷᠢᠶᠠᠨ ᠠ᠋ᠴᠠ ᠲᠡᠷᠡ ᠡᠳᠦᠷ ᠵᠥᠪᠬᠡᠨ ᠥᠪᠡᠷ ᠢ᠋ᠶ᠋ᠡᠨ ᠴᠤ᠌ ᠪᠢᠰᠢ ᠭᠦᠶᠦᠭ ᠴᠤ᠌ ᠮᠥᠨ ᠠᠳᠠᠯᠢ ᠬᠦᠨᠳᠦᠬᠡᠨ ᠪᠠᠢᠳᠠᠯ ᠳ᠋ᠤ᠌ ᠣᠷᠣᠭᠰᠠᠨ ᠢ᠋ ᠣᠢᠯᠠᠭᠠᠪᠠ᠃《ᠬᠠᠭᠠᠨ ᠤ᠋ ᠡᠨᠡ ᠰᠢᠢᠳᠪᠦᠷᠢ ᠵᠥᠪᠬᠡᠨ ᠨᠠᠳᠠ ᠬᠡᠴᠡᠭᠦᠦ ᠲᠣᠰᠴᠤ ᠪᠠᠢᠨ᠎ᠠ ᠭᠡᠵᠦ ᠪᠣᠳᠣᠵᠤ ᠪᠠᠢᠭᠰᠠᠨ ᠪᠣᠯ ᠬᠥᠶᠦᠭ ᠲᠦ᠍ ᠮᠥᠨ ᠬᠦᠨᠳᠦ ᠲᠣᠰᠴᠤ ᠪᠠᠢᠵᠠᠢ᠃ ᠬᠠᠲᠤᠨ ᠡᠬᠡ ᠮᠢᠨᠢ ᠤᠬᠠᠭᠠᠨ ᠲᠠᠢ ᠪᠤᠶᠤ》 ᠭᠡᠮᠡᠨ ᠪᠠᠬᠠᠷᠬᠠᠨ ᠪᠣᠳᠣᠭᠠᠳ᠂
    — ᠬᠡᠷᠪᠡ ᠡᠬᠡ ᠮᠢᠨᠢ ᠲᠠᠨ ᠲᠠᠢ ᠭᠡᠷᠯᠡᠭᠰᠡᠨ ᠪᠣᠯ ᠪᠢᠳᠡᠨ ᠦ᠌ ᠠᠬ᠎ᠠ ᠳᠡᠭᠦᠦ ᠶ᠋ᠢᠨ ᠲᠠᠩᠭᠠᠷᠢᠭ ᠲᠠᠯᠠᠭᠠᠷ ᠪᠣᠯᠬᠤ ᠪᠠᠢᠯ᠎ᠠ ᠭᠡᠬᠦ ᠳ᠋ᠦ᠍ ᠭᠦᠶᠦᠭ ᠮᠤᠰᠢᠯᠵᠠᠨ ᠢᠨᠢᠶᠡᠭᠡᠳ᠂
    — ᠪᠢᠳᠡ ᠡᠴᠢᠭᠡ ᠬᠦᠦ ᠬᠣᠶᠠᠷ ᠪᠣᠯᠬᠤ ᠪᠠᠢᠯ᠎ᠠ ᠭᠡᠵᠦ ᠬᠡᠯᠡᠭᠡᠳ ᠮᠥᠷᠥ ᠶ᠋ᠢ ᠨᠢ ᠠᠯᠠᠭᠠᠳᠠᠨ᠂
    — ᠬᠦᠦ ᠮᠢᠨᠢ ᠣᠷᠣᠶ᠎ᠠ ᠬᠡᠮᠡᠭᠡᠳ ᠳᠣᠲᠣᠭᠰᠢ ᠣᠷᠣᠯ᠎ᠠ᠃《ᠬᠦᠦ ᠮᠢᠨᠢ》 ᠭᠡᠵᠦ ᠬᠡᠯᠡᠭᠰᠡᠨ ᠦᠭᠡᠨ ᠳ᠋ᠦ᠍ ᠰᠤᠴᠢᠰᠬᠢᠬᠤ ᠰᠢᠭ᠋ ᠪᠣᠯᠤᠭᠠᠳ ᠮᠥᠩᠬᠡ ᠠᠷᠤ ᠠ᠋ᠴᠠ ᠨᠢ ᠣᠷᠣᠯ᠎ᠠ᠃
        ᠳᠦᠷᠭᠡᠨ᠎ᠡ ᠬᠠᠲᠤᠨ ᠢ᠋ ᠭᠠᠷᠤᠭᠰᠠᠨ ᠤ᠋ ᠳᠠᠷᠠᠭ᠎ᠠ ᠪᠣᠳᠣᠯ ᠪᠣᠯᠤᠨ ᠰᠠᠭᠤᠭᠰᠠᠨ ᠰᠤᠷᠬᠠᠭᠲᠠᠨᠢ ᠭᠠᠳᠠᠭ᠎ᠠ ᠶᠡᠬᠡ ᠴᠢᠮᠡᠭᠡ ᠭᠠᠷᠬᠤ ᠶ᠋ᠢ ᠰᠣᠨᠣᠰᠤᠯ᠎ᠠ᠃ ᠣᠯᠠᠨ ᠬᠥᠮᠦᠨ ᠶᠠᠷᠢᠯᠴᠠᠨ ᠥᠷᠭᠥᠭᠡ ᠶ᠋ᠢ ᠲᠣᠭᠣᠷᠢᠨ ᠬᠡᠪᠲᠡᠭᠦᠯ ᠦ᠋ᠳ ᠪᠠᠢᠷᠢ ᠪᠠᠨ ᠡᠵᠡᠯᠡᠵᠦ᠂ ᠬᠦᠨᠳᠦ ᠠᠯᠬᠤᠭ᠎ᠠ ᠰᠣᠨᠣᠰᠳᠠᠨ᠂ ᠡᠭᠦᠳᠡ ᠠᠯᠭᠤᠷ ᠢ᠋ᠶ᠋ᠠᠷ ᠰᠡᠬᠦᠭᠳᠡᠵᠦ ᠨᠢᠭᠡᠨ ᠬᠥᠮᠦᠨ ᠣᠷᠣᠵᠤ ᠢᠷᠡᠯ᠎ᠡ᠃ ᠳᠥᠷᠪᠡᠯᠵᠢᠨ ᠬᠡ ᠲᠡᠢ ᠫᠧᠷᠰ ᠲᠣᠷᠭᠠᠨ ᠳᠡᠭᠡᠷ᠎ᠡ ᠪᠤᠯᠠᠭᠠᠨ ᠡᠮᠵᠢᠶᠡᠷᠢ ᠲᠠᠲᠠᠵᠤ ᠤᠷᠠᠯᠠᠭᠰᠠᠨ ᠨᠠᠷᠢᠨ ᠬᠢᠴᠡ ᠲᠡᠢ ᠳᠡᠪᠡᠯ ᠡᠮᠦᠰᠴᠦ᠂ ᠬᠥᠬᠥᠯ ᠦᠰᠦ  ᠪᠡᠨ ᠬᠥᠮᠥᠰᠬᠡ ᠪᠡᠨ ᠬᠦᠷᠲᠡᠯ᠎ᠡ ᠤᠷᠭᠤᠭᠤᠯᠤᠨ ᠦᠰᠦ ᠪᠡᠨ ᠬᠣᠶᠠᠷ ᠬᠤᠪᠢᠶᠠᠵᠤ ᠴᠢᠬᠢᠨ ᠦ᠌ ᠪᠡᠨ ᠠᠷᠤ ᠳ᠋ᠤ᠌ ᠬᠡᠳᠦ ᠨᠤᠭᠤᠯᠤᠨ ᠰᠤᠷ ᠢ᠋ᠶ᠋ᠠᠷ ᠪᠣᠭᠣᠭᠰᠠᠨ ᠡᠨᠡ ᠥᠨᠳᠥᠷ ᠶᠠᠩᠬᠢᠭᠠᠷ ᠪᠡᠶ᠎ᠡ ᠲᠡᠢ ᠬᠥᠮᠦᠨ ᠪᠣᠯ ᠵᠥᠴᠢ ᠶ᠋ᠢᠨ ᠬᠦᠦ ᠪᠠᠲᠤ ᠪᠠᠢᠯ᠎ᠠ᠃ ᠪᠠᠲᠤ ᠣᠯᠠᠨ ᠵᠢᠯ ᠦ᠋ᠨ ᠡᠮᠦᠨᠡᠬᠢ ᠶ᠋ᠢ ᠪᠣᠳᠣᠪᠠᠯ ᠨᠠᠰᠤ ᠨᠠᠮᠪᠠ ᠰᠠᠭᠤᠵᠠᠢ᠃ ᠭᠡᠪᠡᠴᠦ ᠬᠡᠵᠢᠶᠡᠨ ᠦ᠌ ᠲᠠᠨᠢᠯ ᠳᠣᠲᠣᠨᠣ ᠬᠥᠮᠦᠨ ᠰᠢᠭ ᠰᠠᠨᠠᠭᠳᠠᠨ᠎ᠠ᠃ ᠲᠡᠷᠡ ᠡᠴᠢᠭᠡ ᠲᠡᠢ ᠪᠡᠨ ᠤᠰᠤᠨ ᠤ᠋ ᠳᠤᠰᠤᠯ ᠰᠢᠭ᠋ ᠠᠳᠠᠯᠢᠬᠠᠨ ᠠᠵᠢ᠃ ᠭᠠᠭᠴᠠᠬᠠᠨ ᠥᠭᠡᠷ᠎ᠡ ᠵᠦᠢᠯ ᠨᠢ ᠪᠠᠲᠤ ᠢᠳᠡᠷ ᠵᠠᠯᠠᠭᠤ ᠡᠷ᠎ᠡ ᠪᠠᠢᠯ᠎ᠠ᠃ ᠪᠠᠲᠤ ᠶ᠋ᠢᠨ ᠣᠷᠣᠵᠤ ᠢᠷᠡᠬᠦ ᠶ᠋ᠢ ᠬᠠᠷᠠᠭᠰᠠᠨ ᠰᠤᠷᠬᠠᠭᠲᠠᠨᠢ ᠬᠠᠷᠢᠯᠴᠠᠨ ᠠᠮᠤᠷ ᠮᠡᠨᠳᠦ ᠪᠡᠨ ᠮᠡᠳᠡᠯᠴᠡᠭᠡᠳ ᠳᠡᠭᠡᠭᠰᠢ ᠰᠠᠭᠤᠬᠤ ᠶ᠋ᠢ ᠤᠷᠢᠯ᠎ᠠ᠃       
       ᠰᠤᠷᠬᠠᠭᠲᠠᠨᠢ  ᠭᠠᠳᠠᠨ᠎ᠠ ᠠ᠋ᠴᠠ ᠰᠢᠪᠡᠭᠴᠢᠨ ᠢ᠋ ᠳᠠᠭᠤᠳᠠᠨ ᠪᠠᠲᠤ ᠶ᠋ᠢᠨ ᠡᠮᠦᠨ᠎ᠡ ᠠᠢᠷᠠᠭ ᠴᠠᠭ᠎ᠠ ᠰᠥᠩᠨᠡᠭᠦᠯᠦᠨ ᠪᠠᠷᠢᠵᠤ᠂ ᠢᠳᠡᠭᠡ ᠰᠢᠭᠦᠰᠦ ᠠᠪᠴᠢᠷᠠᠭᠤᠯᠵᠤ ᠲᠠᠯᠪᠢᠯ᠎ᠠ᠃ ᠪᠠᠲᠤ ᠰᠢᠪᠡᠭᠴᠢᠨ ᠦ᠌ ᠰᠥᠩᠨᠡᠨ ᠥᠭᠭᠦᠭᠰᠡᠨ ᠮᠥᠩᠭᠥᠨ ᠠᠶᠠᠭ᠎ᠠ ᠲᠠᠢ ᠠᠢᠷᠠᠭ ᠤ᠋ᠨ ᠲᠣᠰᠣ ᠶ᠋ᠢ ᠵᠥᠭᠡᠯᠡᠨ ᠦᠯᠢᠶᠡᠨ ᠢᠷᠡᠵᠦ᠂ ᠭᠦᠳ ᠭᠦᠳ ᠬᠢᠲᠡᠯ᠎ᠡ ᠬᠡᠳᠦ ᠵᠠᠯᠭᠢᠯᠠᠭᠠᠳ ᠪᠤᠴᠠᠭᠠᠨ ᠰᠢᠷᠡᠭᠡᠨ ᠳᠡᠭᠡᠷ᠎ᠡ ᠲᠠᠯᠪᠢᠵᠤ᠂
    —ᠠᠭᠤᠷᠠᠭ ᠠ᠋ᠴᠠ ᠶᠠᠪᠤᠭᠰᠠᠨ ᠠ᠋ᠴᠠ ᠬᠣᠢᠰᠢ ᠨᠤᠲᠤᠭ ᠲᠠᠭᠠᠨ ᠣᠴᠢᠯ ᠦᠭᠡᠢ ᠣᠯᠠᠨ ᠵᠢᠯ ᠪᠣᠯᠵᠠᠢ ᠳᠠ᠂ ᠡᠴᠢᠭᠡ ᠮᠢᠨᠢ ᠲᠠᠨ ᠤ᠋ ᠲᠤᠬᠠᠢ ᠶᠡᠬᠡ ᠶᠠᠷᠢᠳᠠᠭ ᠪᠠᠢᠭᠰᠠᠨ ᠶᠤᠮ᠃ ᠡᠰᠢ ᠬᠠᠲᠤᠨ ᠲᠠᠢ ᠠᠮᠤᠷ ᠮᠡᠨᠳᠦ ᠠᠭᠤᠯᠵᠠᠬᠤ ᠠᠪᠠᠰᠤ ᠡᠷᠬᠢᠮ ᠬᠥᠮᠦᠨ ᠭᠡᠵᠦ ᠬᠦᠨᠳᠦᠳᠬᠡᠨ ᠦᠵᠡᠭᠡᠷᠡᠢ ᠭᠡᠵᠦ ᠬᠡᠯᠡᠳᠡᠭ ᠪᠠᠢᠯ᠎ᠠ ᠬᠡᠮᠡᠭᠡᠳ ᠲᠩᠷᠢ ᠪᠣᠯᠤᠭᠰᠠᠨ ᠡᠴᠢᠭᠡ ᠪᠡᠨ ᠳᠤᠷᠠᠰᠪᠠ ᠪᠣᠯᠤᠯᠲᠠᠢ ᠭᠦᠨ ᠰᠠᠨᠠᠭ᠎ᠠ ᠠᠯᠳᠠᠪᠠ᠃ ᠰᠤᠷᠬᠠᠭᠳᠠᠨᠢ᠄
    — ᠲᠡᠢᠨ ᠳᠠᠵᠢᠨ ᠤ᠋ ᠬᠥᠯ ᠳ᠋ᠦ᠍ ᠠᠯᠤᠰᠯᠠᠨ ᠣᠳᠤᠭᠰᠠᠨ ᠶᠡᠬᠡ ᠬᠠᠭᠠᠨ ᠤ᠋ ᠦᠷᠡᠰ ᠴᠤᠭᠭᠠᠷ ᠨᠡᠢᠯᠡᠨ ᠠᠭᠤᠯᠵᠠᠬᠤ ᠮᠥᠴᠡ ᠬᠡᠳᠦᠨ ᠵᠢᠯ ᠳ᠋ᠦ᠍ ᠨᠢᠭᠡ ᠲᠣᠬᠢᠶᠠᠬᠤ ᠨᠢ ᠶᠡᠬᠡ ᠬᠤᠷᠠᠯᠲᠠᠢ ᠪᠣᠯᠵᠠᠢ ᠳᠠ᠃ ᠨᠤᠲᠤᠭ ᠠᠯᠤᠰᠷᠠᠬᠤ ᠳᠣᠳᠣᠮ ᠰᠡᠳᠬᠢᠯ ᠠᠯᠤᠰᠷᠠᠳᠠᠭ ᠬᠣᠷᠸ᠎ᠠ ᠶ᠋ᠢ ᠶᠠᠭᠠᠬᠢᠯᠲᠠᠢ ᠭᠡᠪᠡ᠃ ᠪᠠᠲᠤ ᠰᠤᠷᠬᠠᠭᠲᠠᠨᠢ ᠶ᠋ᠢᠨ ᠡᠨᠡ ᠦᠭᠡ ᠶ᠋ᠢᠨ ᠦᠨᠡᠨ ᠢ᠋ ᠬᠦᠯᠢᠶᠡᠨ ᠵᠥᠪᠰᠢᠶᠡᠷᠡᠵᠦ ᠪᠣᠢ ᠨᠢ ᠢᠯᠡᠳᠲᠡ ᠲᠣᠯᠣᠭᠠᠢ ᠪᠠᠨ ᠳᠣᠬᠢᠨ᠂
      —ᠡᠪᠦᠭᠡ ᠡᠴᠢᠭᠡ᠂ ᠡᠵᠡᠨ ᠬᠠᠭᠠᠨ ᠤ᠋ ᠭᠠᠯ ᠭᠣᠯᠣᠮᠲᠠ ᠶ᠋ᠢ ᠰᠠᠬᠢᠨ ᠦᠯᠡᠳᠡᠭᠰᠡᠨ ᠡᠷᠬᠢᠮ ᠬᠥᠮᠦᠨ ᠲᠠᠨ ᠢ᠋ ᠶᠠᠭᠠᠬᠢᠨ ᠮᠠᠷᠲᠠᠬᠤ ᠪᠢᠯᠡ᠃ ᠬᠠᠭᠠᠨ ᠡᠪᠦᠭᠡ ᠮᠠᠭᠠᠳ ᠦᠭᠡᠢ ᠶᠡᠬᠡ ᠠᠭᠤᠷᠠᠭ ᠢ᠋ ᠰᠠᠬᠢᠨ ᠰᠠᠭᠤᠬᠤ ᠢᠷᠡᠭᠡᠳᠦᠢ ᠶ᠋ᠢᠨ ᠬᠥᠮᠦᠨ ᠲᠠᠨ ᠢ᠋ ᠭᠡᠵᠦ ᠮᠡᠳᠡᠭᠰᠡᠨ ᠲᠤᠯᠠ ᠳᠣᠲᠣᠨᠣ ᠬᠠᠨᠳᠤᠳᠠᠭ ᠪᠠᠢᠭᠰᠠᠨ ᠪᠢᠵᠡ ᠭᠡᠵᠦ ᠬᠡᠯᠡᠭᠡᠳ ᠠᠶᠠᠭ᠎ᠠ ᠲᠠᠢ ᠠᠢᠷᠠᠭ ᠢ᠋ᠶ᠋ᠠᠨ ᠪᠠᠯᠭᠤᠭᠠᠳ ᠬᠡᠰᠡᠭ ᠴᠢᠮᠡᠭᠡ ᠦᠭᠡᠢ ᠰᠠᠭᠤᠯ᠎ᠠ᠃     
    ᠰᠤᠷᠬᠠᠭᠲᠠᠨᠢ ᠲᠩᠷᠢ ᠪᠣᠯᠤᠭᠰᠠᠨ ᠬᠠᠭᠠᠨ ᠡᠵᠡᠨ᠂ ᠲᠡᠭᠦᠨ ᠦ᠌ ᠬᠡᠯᠡᠵᠦ ᠪᠠᠢᠭᠰᠠᠨ ᠦᠭᠡᠰ᠂ ᠥᠪᠡᠷ ᠲᠤᠨᠢ ᠶᠠᠭᠠᠬᠢᠭᠠᠳ ᠪᠤᠰᠤᠳ ᠬᠥᠮᠦᠰ ᠡᠴᠡ ᠣᠨᠴᠠᠭᠠᠢ ᠬᠠᠨᠳᠤᠳᠠᠭ ᠪᠠᠢᠭᠰᠠᠨ ᠵᠡᠷᠭᠡ ᠶ᠋ᠢ ᠡᠷᠭᠢᠴᠡᠭᠦᠯᠦᠨ ᠪᠣᠳᠣᠪᠠ᠃《ᠥᠨᠥᠳᠥᠷ ᠠᠯᠲᠠᠨ ᠤᠷᠤᠭ ᠤ᠋ᠨ ᠬᠢᠨ ᠡᠴᠡ ᠭᠠᠯ ᠭᠣᠯᠣᠮᠲᠠ ᠪᠠᠨ ᠰᠠᠬᠢᠨ ᠦᠯᠡᠳᠡᠭᠰᠡᠨ ᠬᠥᠮᠦᠨ ᠦᠭᠡᠢ ᠪᠣᠯᠵᠠᠢ᠃ ᠲᠡᠷᠡ ᠨᠢᠭᠡᠨ ᠵᠢᠯ ᠡᠴᠢᠭᠡ ᠶ᠋ᠢ ᠪᠡᠨ ᠳᠠᠭᠠᠨ ᠪᠠᠯᠴᠢᠷ ᠤᠬᠠᠭᠠᠨ ᠢ᠋ᠶ᠋ᠠᠷ ᠢ᠋ᠶ᠋ᠠᠨ ᠰᠢᠢᠳᠪᠦᠷᠢ ᠭᠠᠷᠭᠠᠵᠤ᠂ ᠡᠨᠡ ᠠᠢᠯ ᠤ᠋ᠨ ᠪᠡᠷᠢ ᠪᠣᠯᠤᠨ ᠣᠷᠣᠵᠤ ᠢᠷᠡᠵᠦ ᠪᠠᠢᠭᠰᠠᠨ ᠴᠠᠭ ᠠ᠋ᠴᠠ ᠬᠣᠢᠰᠢ ᠥᠨᠥ ᠬᠦᠷᠲᠡᠯ᠎ᠡ ᠣᠯᠠᠨ ᠴᠤ᠌ ᠵᠢᠯ ᠥᠩᠭᠡᠷᠡᠵᠡᠢ ᠳᠡ》᠃ ᠲᠡᠷᠡ ᠢᠩᠭᠢᠵᠦ ᠪᠣᠳᠣᠬᠤᠢ ᠳ᠋ᠤ᠌ ᠬᠡᠳᠦᠨ ᠡᠳᠦᠷ ᠦ᠋ᠨ ᠠᠯᠤᠰ ᠲᠤ ᠦᠯᠡᠳᠡᠭᠰᠡᠨ ᠶᠡᠬᠡ ᠠᠭᠤᠷᠠᠭ ᠤ᠋ᠨ ᠲᠡᠨᠳᠡ ᠡᠴᠡ ᠦᠯᠦ ᠮᠡᠳᠡᠭ ᠴᠢᠮᠡᠭᠡ ᠴᠢᠬᠢᠨ ᠳ᠋ᠦ᠍ ᠰᠣᠨᠣᠰᠳᠠᠨ᠂ ᠰᠤᠷᠬᠠᠭᠲᠠᠨᠢ ᠶ᠋ᠢ ᠳᠠᠭᠤᠳᠠᠨ ᠪᠠᠢᠬᠤ ᠰᠢᠭ᠋ ᠰᠡᠳᠬᠢᠯ ᠲᠥᠷᠥᠨ᠎ᠡ᠃
       —ᠠᠭᠤᠯᠠ ᠤᠰᠤ ᠬᠣᠯᠠᠳᠬᠤ ᠶ᠋ᠢᠨ ᠬᠢᠷᠢ ᠪᠡᠷ ᠤᠷᠤᠭ ᠰᠠᠳᠤᠨ ᠬᠣᠯᠠᠳᠳᠠᠭ ᠨᠢ ᠦᠨᠡᠨ᠃ ᠠᠯᠤᠰ ᠲᠤ ᠥᠪᠡᠷ ᠦ᠋ᠨ ᠤᠯᠤᠰ ᠢ᠋ᠶ᠋ᠠᠨ ᠵᠠᠰᠠᠨ ᠰᠠᠭᠤᠭᠰᠠᠨ ᠴᠢᠮ᠎ᠠ ᠲᠠᠢ ᠣᠯᠠᠨ ᠠᠭᠤᠯᠵᠠᠵᠤ ᠴᠢᠳᠠᠬᠤ ᠦᠭᠡᠢ ᠯᠡ ᠪᠣᠯᠪᠠ ᠤᠤ᠃ ᠬᠠᠷᠢᠨ ᠥᠨᠥᠳᠥᠷ ᠨᠠᠮᠠᠶ᠋ᠢ ᠵᠣᠷᠢᠨ ᠢᠷᠡᠭᠰᠡᠨ ᠳ᠋ᠦ᠍ ᠴᠢᠨᠢ ᠬᠠᠲᠤᠨ ᠪᠢ ᠲᠠᠯᠠᠷᠬᠠᠵᠤ ᠰᠠᠭᠤᠨ᠎ᠠ᠃ ᠵᠥᠴᠢ ᠶ᠋ᠢᠨ ᠵᠠᠯᠠᠭᠤ ᠨᠠᠰᠤ ᠰᠢᠭ᠋ ᠡᠷᠡᠮᠡᠬᠡᠢ ᠡᠷ᠎ᠡ ᠶ᠋ᠢᠨ ᠳᠣᠲᠣᠨᠣ ᠳᠦᠷᠢ ᠲᠥᠷᠬᠦ ᠶ᠋ᠢ ᠬᠠᠷᠠᠭᠠᠳ ᠰᠤᠷᠬᠠᠭᠲᠠᠨᠢ᠂
    — ᠥᠭᠡᠯᠦᠨ ᠡᠬᠡ᠂ ᠪᠥᠷᠲᠡ ᠬᠠᠲᠤᠨ ᠬᠣᠶᠠᠷ ᠤ᠋ᠨ ᠠᠪᠤ ᠳ᠋ᠤ᠌ ᠴᠢᠨᠢ ᠬᠡᠯᠡᠬᠦ ᠶ᠋ᠢ ᠬᠦᠰᠡᠵᠦ ᠪᠠᠢᠭᠰᠠᠨ ᠦᠭᠡ ᠶ᠋ᠢ ᠣᠳᠣ ᠪᠢ ᠴᠢᠮ᠎ᠠ ᠳ᠋ᠤ᠌ ᠬᠡᠯᠡᠶ᠎ᠡ᠃ ᠨᠢᠭᠡᠨᠲᠡ ᠡᠴᠢᠭᠡ ᠴᠢᠨᠢ ᠲᠩᠷᠢ ᠳ᠋ᠦ᠍ ᠬᠠᠯᠢᠭᠰᠠᠨ ᠲᠤᠯᠠ ᠡᠨᠡ ᠦᠭᠡᠰ ᠢ᠋ ᠴᠢᠮ᠎ᠠ ᠳ᠋ᠤ᠌ ᠬᠡᠯᠡᠬᠦ ᠨᠢ ᠵᠦᠢ ᠪᠣᠯᠪᠠ ᠤᠤ᠃ ᠶᠡᠬᠡ ᠡᠵᠡᠨ ᠬᠠᠭᠠᠨ ᠡᠪᠦᠭᠡ ᠴᠢᠨᠢ ᠴᠤ᠌ ᠲᠡᠷᠡ᠂ ᠥᠭᠡᠯᠦᠨ ᠡᠬᠡ ᠴᠤ᠌ ᠲᠡᠷᠡ᠂ ᠪᠥᠷᠲᠡ ᠬᠠᠲᠤᠨ ᠴᠤ᠌ ᠲᠡᠷᠡ᠂ ᠴᠢᠨᠦ ᠡᠴᠢᠭᠡ ᠵᠥᠴᠢ ᠶ᠋ᠢ ᠬᠠᠷᠢ ᠴᠢᠰᠤ ᠲᠠᠢ ᠬᠥᠮᠦᠨ ᠭᠡᠵᠦ ᠦᠵᠡᠵᠦ ᠪᠠᠢᠭᠰᠠᠨ ᠤᠳᠠᠭ᠎ᠠ ᠦᠭᠡᠢ ᠶᠦᠮ ᠰᠢᠦ᠃ ᠲᠡᠳᠡ ᠥᠪᠡᠷ ᠦ᠋ᠨ ᠬᠦᠦ ᠶ᠋ᠢ ᠮᠥᠩᠬᠡ ᠲᠩᠷᠢ ᠡᠴᠡ ᠢᠯᠡᠭᠡᠭᠰᠡᠨ ᠭᠡᠵᠦ ᠢᠲᠡᠭᠡᠳᠡᠭ ᠪᠠᠢᠭᠰᠠᠨ᠂ ᠵᠥᠴᠢ ᠲᠥᠷᠥᠭᠰᠡᠨ ᠴᠠᠭ ᠠ᠋ᠴᠠ ᠬᠣᠢᠰᠢ ᠬᠠᠭᠠᠨ ᠡᠵᠡᠨ ᠶᠡᠬᠡ ᠮᠣᠩᠭᠣᠯ ᠢ᠋ ᠬᠤᠷᠢᠶᠠᠵᠤ᠂ ᠰᠤᠤ ᠠᠯᠳᠠᠷ ᠢ᠋ᠶ᠋ᠠᠨ ᠳᠠᠭᠤᠷᠢᠰᠬᠠᠭᠰᠠᠨ᠂ ᠲᠡᠢᠮᠦ ᠡᠴᠡ ᠵᠥᠴᠢ ᠡᠨᠡ ᠭᠡᠷ ᠲᠦ᠍ ᠠᠵᠠ ᠵᠢᠷᠭᠠᠯ ᠠᠪᠴᠢᠷᠠᠭᠰᠠᠨ ᠶᠤᠮ ᠭᠡᠵᠦ ᠬᠡᠯᠡᠳᠡᠭ ᠪᠠᠢᠭᠰᠠᠨ ᠶᠤᠮ ᠭᠡᠪᠡ᠃ ᠪᠠᠲᠤ ᠶ᠋ᠢᠨ ᠵᠢᠷᠦᠬᠡᠨ ᠳ᠋ᠦ᠍ ᠥᠨᠥ ᠬᠢᠷᠢ ᠪᠠᠢᠬᠤ ᠭᠦᠨ ᠬᠥᠨᠳᠡᠭᠦᠷ ᠰᠡᠲᠡᠷᠡᠭᠰᠡᠨ ᠮᠡᠲᠦ ᠬᠠᠷᠠᠴᠠ ᠨᠢ ᠭᠤᠨᠢᠭ ᠲᠠᠢ ᠬᠠᠷᠠᠭᠳᠠᠨ᠎ᠠ᠃
    — ᠴᠢᠨᠦ ᠡᠴᠢᠭᠡ ᠵᠥᠴᠢ ᠶ᠋ᠢ ᠥᠪᠡᠷ ᠡᠴᠡ ᠨᠢ ᠤᠷᠢᠲᠠᠵᠤ ᠮᠥᠩᠬᠡ ᠲᠩᠷᠢ ᠶ᠋ᠢᠨ ᠣᠷᠣᠨ᠎ᠠ ᠵᠠᠯᠠᠷᠠᠭᠰᠠᠨ ᠢ᠋ ᠰᠣᠨᠣᠰᠤᠭᠠᠳ ᠬᠠᠭᠠᠨ ᠠᠪᠤ ᠨᠢ ᠬᠡᠴᠢᠨᠡᠭᠡᠨ ᠭᠠᠰᠢᠭᠤᠳᠠᠵᠤ ᠪᠠᠢᠭᠰᠠᠨ ᠢ᠋ ᠪᠢ ᠬᠠᠷᠠᠵᠤ ᠪᠠᠢᠯ᠎ᠠ᠃
    ᠥᠭᠡᠯᠦᠨ ᠡᠬᠡ ᠵᠥᠴᠢ ᠶ᠋ᠢ ᠠᠩᠬ᠎ᠠ ᠮᠡᠨᠳᠦᠯᠡᠬᠦ ᠳ᠋ᠦ᠍ ᠣᠶᠣᠵᠤ ᠥᠭᠴᠦ ᠪᠠᠢᠭᠰᠠᠨ ᠬᠤᠩᠬ᠎ᠠ ᠲᠠᠢ ᠪᠣᠢᠲᠣᠭ ᠤ᠋ᠨ ᠥᠷᠥᠭᠡᠰᠦᠨ ᠢ᠋ ᠠᠪᠤ ᠲᠠᠢ ᠴᠢᠨᠢ ᠰᠡᠭᠦᠯᠴᠢ ᠶ᠋ᠢᠨ ᠤᠳᠠᠭ᠎ᠠ ᠠᠭᠤᠯᠵᠠᠬᠤ ᠳ᠋ᠠᠭᠠᠨ ᠥᠭᠴᠦ ᠶᠠᠪᠤᠭᠤᠯᠬᠤ ᠳ᠋ᠠᠭᠠᠨ ᠡᠰᠡᠨ ᠮᠡᠨᠳᠦ ᠡᠷᠭᠢᠵᠦ ᠢᠷᠡᠭᠡᠳ ᠥᠷᠥᠭᠡᠰᠦᠨ ᠪᠣᠢᠲᠣᠭ ᠢ᠋ᠶ᠋ᠠᠨ ᠠᠪᠤᠭᠠᠷᠠᠢ ᠭᠡᠵᠦ ᠬᠡᠯᠡᠭᠰᠡᠨ ᠶᠦᠮ ᠪᠢᠯᠡ᠃ ᠭᠡᠪᠡᠴᠦ ᠲᠡᠳᠡ ᠠᠭᠤᠯᠵᠠᠭᠰᠠᠨ ᠦᠭᠡᠢ᠂ ᠥᠭᠡᠯᠦᠨ ᠡᠬᠡ ᠲᠩᠷᠢ ᠪᠣᠯᠬᠤ ᠶ᠋ᠢᠨ ᠢ᠋ᠶ᠋ᠡᠨ ᠡᠮᠦᠨ᠎ᠡ ᠨᠠᠳᠠ ᠳ᠋ᠤ᠌ ᠦᠯᠡᠳᠡᠭᠰᠡᠨ ᠨᠢᠭᠡ ᠪᠣᠢᠲᠣᠭ ᠢ᠋ ᠬᠠᠳᠠᠭᠠᠯᠠᠭᠤᠯᠤᠭᠰᠠᠨ ᠪᠢᠯᠡ᠃ ᠥᠭᠭᠦᠭᠰᠡᠨ ᠬᠥᠮᠦᠨ ᠨᠢ ᠴᠦ᠍ ᠲᠡᠷᠡ᠂ ᠠᠪᠬᠤ ᠬᠥᠮᠦᠨ ᠨᠢ ᠴᠦ᠍ ᠲᠡᠷᠡ᠂ ᠥᠨᠥ ᠦᠭᠡᠢ ᠪᠣᠯᠬᠣᠷ ᠪᠢ ᠲᠡᠭᠦᠨ ᠢ᠋ ᠨᠠᠨᠳᠢᠩᠨᠠᠨ ᠬᠠᠳᠠᠭᠠᠯᠠᠭᠰᠠᠨ ᠶᠤᠮ᠃ ᠢᠷᠦᠭᠡᠯ ᠪᠠᠢᠪᠠᠯ ᠳᠠᠬᠢᠨ ᠠᠭᠤᠯᠵᠠᠬᠤ ᠳ᠋ᠠᠭᠠᠨ ᠥᠭᠭᠦᠶ᠎ᠡ ᠭᠡᠯ᠎ᠡ᠃ ᠪᠠᠲᠤ ᠶ᠋ᠢᠨ ᠨᠢᠳᠦᠨ ᠳ᠋ᠦ᠍ ᠲᠡᠷᠲᠡᠭᠡ ᠳ᠋ᠦ᠍ ᠦᠯᠡᠳᠡᠭᠰᠡᠨ ᠲᠡᠷᠡᠬᠡᠨ ᠳᠤᠷᠠᠰᠤᠮᠵᠢ ᠲᠣᠳᠣᠷᠠᠨ᠎ᠠ  ᠃ᠰᠤᠷᠬᠠᠭᠲᠠᠨᠢ ᠦᠷᠭᠦᠯᠵᠢᠯᠡᠭᠦᠯᠦᠨ᠂
    —ᠬᠠᠨ ᠬᠥᠪᠡᠭᠦᠳ ᠦ᠋ᠨ ᠠᠬᠠᠮᠠᠳ ᠨᠢ ᠴᠢ᠂ ᠥᠭᠡᠳᠡᠢ ᠬᠠᠭᠠᠨ ᠰᠢᠢᠳᠪᠦᠷᠢ ᠭᠠᠷᠭᠠᠵᠤ ᠬᠠᠨ ᠬᠥᠪᠡᠭᠦᠳ ᠦ᠋ᠨ ᠠᠶᠠᠨ ᠲᠡᠢᠨ ᠢ᠋ ᠡᠬᠢᠯᠡᠭᠦᠯᠬᠦ ᠪᠣᠯᠤᠯ᠎ᠠ᠃ ᠴᠢᠮᠠᠶ᠋ᠢ ᠠᠬᠠᠯᠠᠭᠴᠢ ᠪᠠᠷ ᠲᠣᠮᠢᠯᠠᠨ ᠪᠠᠢᠭ᠎ᠠ ᠬᠡᠳᠦᠢ ᠴᠦ᠍ ᠬᠥᠶᠦᠭ ᠲᠦ᠍ ᠶᠡᠬᠡ ᠴᠡᠷᠢᠭ ᠢ᠋ᠶ᠋ᠡᠨ ᠬᠠᠷᠢᠭᠤᠴᠠᠭᠤᠯᠤᠯ᠎ᠠ᠃ ᠡᠴᠢᠭᠡ ᠡᠪᠦᠭᠡᠳ ᠦ᠋ᠨ ᠢ᠋ᠶ᠋ᠡᠨ ᠠᠯᠳᠠᠭ᠎ᠠ ᠶ᠋ᠢ ᠪᠢᠲᠡᠭᠡᠢ ᠳᠠᠪᠲᠠᠭᠠᠷᠠᠢ᠃ ᠨᠢᠭᠡᠨ ᠴᠠᠭ ᠲᠤ ᠡᠴᠢᠭᠡ ᠴᠢᠨᠢ ᠴᠠᠭᠠᠲᠠᠢ ᠲᠠᠢ ᠮᠠᠷᠭᠤᠭᠰᠠᠨ ᠠ᠋ᠴᠠ ᠪᠣᠯᠵᠤ ᠬᠠᠭᠠᠨ ᠡᠴᠢᠭᠡ ᠬᠠᠲᠤᠨ ᠡᠬᠡ ᠶ᠋ᠢᠨ ᠢ᠋ᠶ᠋ᠡᠨ ᠰᠡᠳᠬᠢᠯ ᠢ᠋ ᠰᠢᠷᠬᠠᠯᠠᠭᠤᠯᠵᠤ᠂ ᠣᠯᠠᠨ ᠤ᠋ ᠡᠮᠦᠨ᠎ᠡ ᠢᠲᠡᠭᠡᠯ ᠢ᠋ ᠨᠢ ᠡᠪᠳᠡᠵᠦ ᠪᠠᠢᠭᠰᠠᠨ ᠭᠡᠮ ᠢ᠋ ᠰᠠᠨᠠᠨ ᠡᠨᠡ ᠤᠳᠠᠭ᠎ᠠ ᠳ᠋ᠤ᠌ ᠬᠥᠶᠦᠭ ᠲᠡᠢ ᠡᠪᠲᠡᠢ ᠶᠠᠪᠤᠭᠠᠷᠠᠢ᠃ ᠭᠦᠶᠦᠭ ᠦ᠋ᠨ ᠬᠤᠪᠢ ᠳ᠋ᠤ᠌ ᠶᠡᠬᠡ ᠴᠡᠷᠢᠭ ᠠᠪᠴᠤ ᠶᠠᠪᠤᠨ᠎ᠠ ᠭᠡᠳᠡᠭ ᠲᠦ᠍ ᠲᠠ ᠬᠣᠶᠠᠷ ᠤ᠋ᠨ ᠳᠤᠮᠳᠠ ᠮᠠᠷᠭᠤᠭᠠᠨ ᠤ᠋ ᠦᠨᠳᠦᠰᠦ ᠪᠣᠯᠵᠤ ᠪᠣᠯᠤᠨ᠎ᠠ᠃ ᠲᠡᠢᠮᠦ ᠡᠴᠡ ᠬᠠᠭᠠᠨ ᠡᠪᠦᠭᠡ ᠶ᠋ᠢᠨ ᠦᠶ᠎ᠡ ᠡᠴᠡ ᠠᠯᠳᠠᠷ ᠭᠠᠪᠢᠶ᠎ᠠ ᠪᠠᠷ ᠢ᠋ᠶ᠋ᠠᠨ ᠢᠯᠡᠳᠲᠡ ᠲᠣᠳᠣᠷᠬᠠᠢ ᠰᠦᠪᠡᠭᠡᠳᠡᠢ ᠵᠠᠩᠵᠤᠨ ᠢ᠋ᠶ᠋ᠠᠷ ᠥᠪᠡᠷ ᠦ᠋ᠨ ᠵᠥᠪᠯᠡᠬᠦ ᠪᠡᠨ ᠬᠢᠵᠦ ᠶᠠᠪᠤᠪᠠᠯ ᠠᠯᠳᠠᠭ᠎ᠠ ᠤᠨᠤᠭ᠎ᠠ ᠠᠯᠢᠨ ᠪᠦᠭᠦᠳᠡ ᠳ᠋ᠦ᠍ ᠴᠢᠨᠢ ᠬᠠᠷᠠᠬᠤ ᠨᠢᠳᠦ᠂ ᠰᠣᠨᠣᠰᠬᠤ ᠴᠢᠬᠢ ᠪᠣᠯᠵᠤ᠂ ᠠᠶᠠᠨ ᠲᠡᠢᠨ ᠦ᠌ ᠤᠷᠲᠤ ᠳ᠋ᠤ᠌ ᠲᠦᠰᠢᠭ ᠲᠤᠯᠭᠠᠭᠤᠷᠢ ᠪᠣᠯᠬᠤ ᠪᠤᠰᠤ ᠤᠤ ᠬᠡᠮᠡᠯ᠎ᠡ᠃
      ᠪᠠᠲᠤ ᠰᠤᠷᠬᠠᠭᠲᠠᠨᠢ ᠶ᠋ᠢᠨ ᠶᠠᠭᠤ ᠬᠡᠯᠡᠬᠦ ᠭᠡᠰᠡᠨ ᠢ᠋ ᠪᠦᠭᠦᠳᠡ ᠶ᠋ᠢ ᠣᠢᠯᠠᠭᠠᠯ᠎ᠠ᠃ ᠵᠥᠴᠢ ᠶ᠋ᠢ ᠠᠯᠲᠠᠨ ᠤᠷᠤᠭ ᠤ᠋ᠨ ᠬᠢᠨ ᠪᠦᠭᠦᠳᠡᠭᠡᠷ ᠥᠪᠡᠷ ᠦ᠋ᠨ ᠶᠠᠰᠤ ᠮᠢᠬᠠᠨ ᠤ᠋ ᠲᠠᠰᠤᠷᠬᠠᠢ ᠭᠡᠮᠡᠨ ᠦᠵᠡᠳᠡᠭ ᠪᠠᠢᠭᠰᠠᠨ ᠢ᠋᠂ ᠲᠡᠭᠦᠨ ᠦ᠌ ᠠᠷᠤ ᠠ᠋ᠴᠠ ᠬᠠᠭᠠᠨ ᠡᠵᠡᠨ ᠬᠡᠷᠬᠢᠨ ᠭᠠᠰᠢᠭᠤᠳᠠᠨ ᠬᠠᠢᠯᠠᠵᠤ ᠪᠠᠢᠭᠰᠠᠨ ᠢ᠋᠂ ᠡᠴᠦᠰ ᠲᠤᠨᠢ ᠨᠢᠭᠡᠨ ᠴᠠᠭ ᠲᠤ᠌ ᠲᠣᠬᠢᠶᠠᠭᠰᠠᠨ ᠡᠴᠢᠭᠡ ᠶ᠋ᠢᠨ ᠠᠯᠳᠠᠭ᠎ᠠ ᠶ᠋ᠢ ᠰᠠᠨᠠᠭᠤᠯᠤᠨ ᠬᠡᠯᠡᠵᠦ᠂ ᠳᠠᠪᠲᠠᠬᠤ ᠦᠭᠡᠢ ᠪᠠᠢᠬᠤ ᠶ᠋ᠢ ᠠᠩᠬᠠᠷᠤᠭᠤᠯᠤᠯ᠎ᠠ᠃《ᠡᠴᠢᠭᠡ ᠮᠢᠨᠢ ᠲᠠᠨ ᠤ᠋ ᠰᠣᠨᠣᠰᠴᠤ
ᠠᠮᠵᠢᠭ᠎ᠠ ᠦᠭᠡᠢ ᠦᠨᠡᠨ ᠢ᠋᠂ ᠰᠣᠨᠣᠰᠬᠤ ᠶ᠋ᠢ ᠬᠦᠰᠡᠵᠦ ᠪᠠᠢᠭᠰᠠᠨ ᠦᠨᠡᠨ ᠢ᠋ ᠬᠠᠲᠤᠨ ᠡᠬᠡ ᠨᠠᠳᠠ ᠳ᠋ᠤ᠌ ᠬᠡᠯᠡᠯ᠎ᠡ᠃ ᠮᠥᠩᠬᠡ ᠲᠡᠭᠷᠢ ᠳ᠋ᠡᠭᠡᠨ ᠠᠮᠤᠭᠤᠯᠠᠩ ᠰᠠᠭᠤ ᠳᠠ 》ᠭᠡᠮᠡᠨ ᠳᠣᠲᠣᠷ᠎ᠠ ᠪᠠᠨ ᠬᠡᠯᠡᠯ᠎ᠡ᠃
    ᠠᠭᠤᠷᠠᠭ ᠲᠤ᠌ ᠢᠷᠡᠭᠰᠡᠨ ᠳᠠᠷᠤᠢ ᠳ᠋ᠤ᠌ ᠳᠠᠬᠢᠨ ᠨᠢᠭᠡ ᠬᠡᠷᠡᠭ ᠮᠠᠨᠳᠤᠯ᠎ᠠ᠃ ᠲᠤᠯᠤᠢ ᠡᠵᠡᠨ ᠠᠮᠢᠳᠤ ᠰᠡᠷᠡᠭᠦᠨ ᠠᠬᠤᠢ ᠳ᠋ᠠᠭᠠᠨ ᠬᠠᠭᠠᠨ ᠠᠬ᠎ᠠ ᠳ᠋ᠠᠭᠠᠨ ᠳᠣᠲᠣᠷ ᠭᠠᠵᠠᠷ  ᠲᠤ᠌ ᠪᠠᠢᠬᠤ ᠥᠪᠡᠷ ᠦ᠋ᠨ ᠡᠵᠡᠮᠰᠢᠯ ᠨᠤᠲᠤᠭ ᠢ᠋ ᠬᠦᠯᠢᠶᠡᠯᠭᠡᠨ ᠥᠭᠭᠦᠭᠰᠡᠨ ᠲᠤᠯᠠ ᠰᠤᠷᠬᠠᠭᠲᠠᠨᠢ ᠬᠠᠲᠤᠨ ᠪᠣᠯᠤᠨ ᠲᠡᠭᠦᠨ ᠦ᠌ ᠬᠦᠦ ᠮᠥᠩᠬᠡ ᠳ᠋ᠦ᠍ ᠦᠯᠡᠳᠡᠭᠰᠡᠨ ᠭᠠᠵᠠᠷ ᠨᠤᠲᠤᠭ ᠭᠤᠷᠪᠠᠨ ᠭᠣᠣᠯ ᠤ᠋ᠨ ᠰᠠᠪᠠ ᠭᠠᠵᠠᠷ ᠪᠣᠯᠤᠨ ᠰᠥᠨᠢᠳ᠂ ᠰᠦᠯᠲᠡᠰ᠂ ᠮᠠᠩᠭᠤᠳ᠂ ᠢᠰᠦᠲᠦ᠂ ᠬᠣᠷᠴᠢᠨ᠂ ᠪᠠᠶᠠᠭᠤᠳ ᠠᠢᠮᠠᠭ ᠤ᠋ᠨ ᠭᠠᠵᠠᠷ ᠨᠤᠲᠤᠭ᠂ᠠᠷᠠᠳ ᠢᠷᠭᠡᠳ ᠢ᠋ᠶ᠋ᠡᠨ ᠮᠡᠳᠡᠨ ᠰᠠᠭᠤᠵᠤ ᠪᠠᠢᠭᠰᠠᠨ ᠴᠠᠭ ᠪᠠᠢᠪᠠ᠃ ᠦᠷᠭᠦᠭᠡᠨ ᠦ᠌ ᠡᠭᠦᠳᠡᠨ ᠳ᠋ᠦ᠍ ᠣᠯᠠᠨ ᠬᠥᠮᠦᠨ ᠴᠢᠩᠭ᠎ᠠ ᠴᠢᠩᠭ᠎ᠠ ᠶᠠᠷᠢᠯᠴᠠᠬᠤ ᠶ᠋ᠢ ᠰᠣᠨᠣᠰᠤᠭᠠᠳ ᠬᠠᠲᠤᠨ ᠦᠷᠭᠦᠭᠡᠨ ᠡᠴᠡ ᠪᠡᠨ ᠭᠠᠷᠴᠤ ᠰᠤᠷᠬᠠᠭᠲᠠᠨᠢ ᠬᠠᠲᠤᠨ ᠪᠣᠯᠤᠨ ᠲᠡᠭᠦᠨ ᠦ᠌ ᠶᠡᠬᠡ ᠬᠦᠦ ᠮᠥᠩᠬᠡ ᠶ᠋ᠢᠨ ᠳᠡᠷᠭᠡᠳᠡ ᠪᠠᠢᠭᠰᠠᠨ ᠲᠣᠮᠣᠬᠠᠨ ᠨᠣᠶᠠᠳ ᠴᠤᠭᠯᠠᠭᠰᠠᠨ ᠪᠠᠢᠯ᠎ᠠ᠃ ᠲᠡᠳᠡᠨ ᠦ᠌ ᠳᠤᠮᠳᠠ ᠥᠭᠡᠯᠦᠨ ᠡᠬᠡ ᠶ᠋ᠢᠨ ᠡᠷᠭᠦᠮᠡᠯ ᠬᠦᠦ ᠰᠢᠭᠢᠬᠤᠲᠤᠭ᠂ ᠮᠠᠩᠭᠤᠳ ᠠᠢᠮᠠᠭ ᠤ᠋ᠨ ᠵᠣᠲᠠᠢ ᠨᠣᠶᠠᠨ᠂ ᠵᠠᠯᠠᠢᠷ ᠤ᠋ᠨ ᠮᠥᠩᠬᠡᠰᠠᠷᠠ᠂ ᠰᠦᠯᠲᠡᠰ ᠠᠢᠮᠠᠭ ᠤ᠋ᠨ ᠰᠣᠳᠣᠨ ᠨᠣᠶᠠᠨ᠂ ᠬᠣᠩᠬᠣᠲᠠᠨ ᠤ᠋ ᠬᠣᠷᠴᠢᠨ᠂ ᠶᠢᠰᠦᠢ ᠨᠠᠷ ᠵᠣᠭᠰᠣᠬᠤ ᠠᠵᠢ᠃ ᠬᠠᠲᠤᠨ ᠲᠡᠳᠡᠨ ᠲᠡᠢ ᠠᠮᠤᠷ ᠮᠡᠨᠳᠦ ᠮᠡᠳᠡᠭᠡᠳ ᠦᠷᠭᠦᠭᠡᠨ ᠳ᠋ᠡᠭᠡᠨ ᠤᠷᠢᠵᠤ᠂ ᠭᠡᠨᠡᠳᠲᠡ ᠢᠷᠡᠭᠰᠡᠨ ᠬᠡᠷᠡᠭ ᠵᠣᠷᠢᠭ ᠢ᠋ ᠠᠰᠠᠭᠤᠪᠠᠯ᠂ ᠲᠡᠳᠡᠨ ᠦ᠌ ᠳᠤᠮᠳᠠ ᠠ᠋ᠴᠠ ᠰᠦᠯᠲᠡᠰ ᠠᠢᠮᠠᠭ ᠤ᠋ᠨ ᠰᠣᠳᠣᠨ ᠨᠣᠶᠠᠨ᠄
    —ᠬᠠᠲᠤᠨᠲᠠᠨ ᠮᠢᠨᠢ ᠪᠢᠳᠡ ᠬᠡᠷᠬᠢᠬᠦ ᠪᠢᠯᠡ᠂ ᠥᠭᠡᠳᠡᠢ ᠬᠠᠭᠠᠨ ᠵᠠᠷᠯᠢᠭ ᠪᠣᠯᠭᠠᠵᠤ᠂ ᠥᠪᠡᠷ ᠦ᠋ᠨ ᠬᠥᠪᠡᠭᠦᠳ ᠲᠡᠭᠡᠨ ᠪᠢᠳᠡᠨ ᠦ᠌ ᠴᠡᠷᠢᠭ ᠠᠷᠠᠳ ᠠ᠋ᠴᠠ ᠲᠠᠰᠤᠳᠠᠨ ᠥᠭᠭᠦᠯ᠎ᠡ᠃ ᠰᠥᠨᠢᠳ ᠠᠢᠮᠠᠭ ᠮᠢᠩᠭᠠᠨ ᠴᠡᠷᠢᠭ᠂ ᠰᠦᠯᠲᠡᠰ ᠠᠢᠮᠠᠭ ᠤ᠋ᠨ ᠬᠣᠶᠠᠷ ᠮᠢᠩᠭᠠᠨ ᠴᠡᠷᠢᠭ ᠢ᠋ ᠥᠪᠡᠷ ᠦ᠋ᠨ ᠬᠦᠦ ᠭᠣᠳᠠᠨ( ᠬᠥᠳᠡᠨ)  ᠳ᠋ᠠᠭᠠᠨ ᠬᠤᠪᠢᠶᠠᠷᠢᠯᠠᠨ ᠥᠭᠴᠡᠢ᠃ ᠶᠡᠬᠡ ᠬᠠᠭᠠᠨ ᠤ᠋ ᠵᠠᠷᠯᠢᠭ ᠢ᠋ ᠡᠳᠦᠭᠡ ᠥᠭᠡᠳᠡᠢ ᠬᠠᠭᠠᠨ ᠵᠥᠷᠢᠴᠡᠵᠦ ᠶᠠᠭᠠᠬᠢᠨ ᠪᠣᠯᠤᠨ᠎ᠠ᠃ ᠤᠴᠢᠷ ᠢ᠋ ᠬᠠᠭᠠᠨ ᠳ᠋ᠤ᠌ ᠣᠢᠯᠠᠭᠠᠭᠤᠯᠵᠤ
ᠥᠭᠭᠦᠭᠡᠴᠢ ᠭᠡᠪᠡ᠃
    ᠰᠤᠷᠬᠠᠭᠲᠠᠨᠢ ᠡᠢᠮᠦ ᠶᠠᠪᠤᠳᠠᠯ ᠪᠣᠯᠬᠤ ᠶ᠋ᠢ ᠭᠠᠳᠠᠷᠯᠠᠵᠤ ᠪᠠᠢᠭᠰᠠᠨ᠃ ᠬᠠᠷᠠᠬᠣᠷᠣᠮ ᠠ᠋ᠴᠠ ᠢᠷᠡᠭᠰᠡᠨ ᠡᠯᠴᠢ ᠶ᠋ᠢᠨ ᠠᠮᠠᠨ ᠠ᠋ᠴᠠ ᠨᠢᠭᠡᠨᠲᠡ ᠰᠣᠨᠣᠰᠴᠤ ᠪᠠᠢᠭᠰᠠᠨ
 ᠡᠨᠡ ᠮᠡᠳᠡᠭᠡ ᠶ᠋ᠢ ᠲᠡᠷᠡ ᠬᠡᠳᠦᠨ ᠬᠣᠨᠣᠭ ᠤ᠋ᠨ ᠡᠮᠦᠨ᠎ᠡ ᠠᠭᠤᠷᠠᠭ ᠲᠤ ᠲᠤᠭᠤᠯᠤᠭᠰᠠᠨ ᠴᠤ᠌ ᠲᠣᠭᠣᠯᠤᠭ᠎ᠠ ᠦᠭᠡᠢ ᠮᠡᠲᠦ ᠥᠩᠭᠡᠷᠡᠯ᠎ᠡ᠃ ᠰᠤᠷᠬᠠᠭᠲᠠᠨᠢ ᠬᠠᠲᠤᠨ ᠥᠪᠡᠷ ᠢ᠋ ᠨᠢ ᠵᠣᠷᠢᠨ ᠢᠷᠡᠭᠡᠳ ᠬᠡᠷᠬᠢᠬᠦ ᠶ᠋ᠢ ᠨᠢ ᠬᠦᠯᠢᠶᠡᠨ ᠪᠠᠢᠭ᠎ᠠ ᠦᠨᠡᠨᠴᠢ ᠢᠷᠭᠡᠳ ᠢ᠋ᠶ᠋ᠡᠨ ᠬᠠᠷᠠᠨ ᠵᠣᠭᠰᠣᠬᠤ ᠳ᠋ᠠᠭᠠᠨ ᠲᠠᠯ᠎ᠠ ᠨᠤᠲᠤᠭ ᠲᠤ ᠢᠵᠢᠯᠢ ᠳᠠᠰᠤᠯ ᠪᠣᠯᠤᠭᠰᠠᠨ ᠠᠮᠢᠳᠤᠷᠠᠯ ᠤ᠋ᠨ ᠬᠢᠨᠢ ᠪᠠᠰᠠ ᠨᠢᠭᠡᠨ ᠬᠡᠰᠡᠭ ᠲᠡᠭᠦᠨ ᠡᠴᠡ ᠣᠳᠬᠤ ᠭᠡᠵᠦ ᠪᠣᠢ ᠶ᠋ᠢ ᠤᠬᠠᠭᠠᠷᠠᠵᠤ ᠪᠠᠢᠯ᠎ᠠ᠃ ᠲᠡᠳᠡᠨ ᠦ᠌ ᠳᠤᠮᠳᠠ ᠠ᠋ᠴᠠ ᠵᠠᠯᠠᠢᠷ ᠤ᠋ᠨ ᠮᠦᠩᠬᠡᠰᠠᠷᠠ ᠨᠣᠶᠠᠨ ᠭᠡᠭᠴᠢ ᠥᠷᠭᠡᠨ ᠨᠢᠭᠤᠷ ᠲᠠᠢ᠂ ᠨᠠᠮᠬᠠᠪᠲᠤᠷ ᠨᠢᠷᠤᠭᠤ ᠲᠠᠢ ᠪᠣᠷᠣ ᠬᠥᠮᠦᠨ᠂
    —ᠰᠤᠤᠲᠤ ᠪᠣᠭᠳᠠ ᠶᠡᠬᠡ ᠡᠵᠡᠨ ᠬᠠᠭᠠᠨ ᠵᠠᠷᠯᠢᠭ ᠪᠣᠯᠭᠠᠨ ᠲᠤᠯᠤᠢ ᠡᠵᠡᠨ ᠳ᠋ᠦ᠍ ᠥᠭᠭᠦᠭᠰᠡᠨ ᠡᠳᠡᠭᠡᠷ ᠠᠷᠠᠳ ᠢᠷᠭᠡᠳ ᠢ᠋ ᠥᠨᠥ ᠳᠤᠷ᠎ᠠ ᠮᠡᠳᠡᠨ ᠠᠪᠴᠤ ᠪᠠᠢᠭ᠎ᠠ ᠨᠢ ᠬᠢᠷᠢ ᠡᠴᠡ ᠬᠡᠲᠦᠷᠡᠭᠰᠡᠨ ᠬᠡᠷᠡᠭ ᠪᠤᠰᠤ ᠤᠤ᠃ ᠶᠡᠬᠡ ᠡᠵᠡᠨ ᠪᠣᠭᠳᠠ ᠬᠠᠭᠠᠨ ᠤ᠋ ᠵᠠᠷᠯᠢᠭ ᠢ᠋ ᠬᠡᠨ ᠬᠡᠷᠬᠢᠨ ᠵᠥᠷᠢᠴᠡᠵᠦ ᠪᠣᠯᠬᠤ ᠰᠠᠨ ᠪᠢᠯᠡ᠃ ᠬᠠᠲᠤᠨ ᠲᠠ ᠠᠯᠲᠠᠨ ᠤᠷᠤᠭ ᠤ᠋ᠨ ᠳᠠᠷᠬᠠᠨ ᠪᠡᠷᠢ ᠤᠴᠢᠷ ᠬᠠᠭᠠᠨ ᠳ᠋ᠤ᠌ ᠵᠠᠷᠭᠤ ᠮᠡᠳᠡᠭᠦᠯᠵᠦ᠂ ᠪᠢᠳᠡᠨ ᠦ᠌ ᠦᠭᠡ ᠶ᠋ᠢ ᠤᠯᠠᠮᠵᠢᠯᠠᠨ ᠥᠭᠭᠦᠨ᠎ᠡ ᠤᠤ ᠬᠡᠮᠡᠬᠦ ᠳ᠋ᠦ᠍ ᠰᠤᠷᠬᠠᠭᠲᠠᠨᠢ᠄
    —ᠲᠠ ᠨᠠᠷ ᠤ᠋ᠨ ᠵᠥᠪ᠃ ᠭᠡᠪᠡᠴᠦ ᠲᠩᠷᠢ ᠶ᠋ᠢᠨ ᠳᠣᠣᠷ᠎ᠠ ᠨᠢᠭᠡ ᠯᠡ ᠬᠠᠭᠠᠨ ᠪᠠᠢᠬᠤ ᠲᠤᠯᠠ ᠲᠡᠭᠦᠨ ᠦ᠌ ᠰᠢᠢᠳᠪᠦᠷᠢ ᠶ᠋ᠢ ᠪᠦᠬᠦ ᠬᠥᠮᠦᠨ ᠳᠠᠭᠠᠬᠤ ᠨᠢ ᠬᠠᠤᠯᠢ ᠤᠴᠢᠷ ᠵᠥᠷᠢᠴᠡᠵᠦ ᠦᠯᠦ ᠪᠣᠯᠤᠨ᠎ᠠ᠃ ᠪᠢᠳᠡᠨ ᠦ᠌ ᠥᠪ ᠵᠠᠯᠭᠠᠮᠵᠢᠯᠠᠯ ᠬᠠᠭᠠᠨ ᠤ᠋ ᠰᠦᠷ ᠬᠦᠴᠦᠨ ᠦ᠌ ᠬᠠᠵᠠᠭᠤ ᠳ᠋ᠤ᠌ ᠶᠠᠭᠤ ᠪᠢᠯᠡ᠃ ᠬᠠᠭᠠᠨ ᠶᠠᠭᠤ ᠬᠢᠬᠦ ᠪᠡᠨ ᠥᠪᠡᠷ ᠢ᠋ᠶ᠋ᠡᠨ ᠮᠡᠳᠡᠵᠦ ᠪᠠᠢᠭ᠎ᠠ ᠲᠤᠯᠠ ᠪᠢᠳᠡ ᠲᠡᠭᠦᠨ ᠦ᠌ ᠰᠢᠢᠳᠪᠦᠷᠢ ᠶ᠋ᠢ ᠳᠠᠭᠠᠬᠤ ᠨᠢ ᠵᠥᠪ ᠭᠡᠵᠦ ᠡᠷᠡᠰᠬᠡᠨ ᠬᠡᠯᠡᠬᠦ ᠳ᠋ᠦ᠍ ᠬᠠᠲᠤᠨ ᠤ᠋ ᠠᠮᠠᠨ ᠠ᠋ᠴᠠ ᠡᠢᠮᠦ ᠦᠭᠡ ᠬᠦᠯᠢᠶᠡᠭᠡ ᠦᠭᠡᠢ ᠬᠥᠮᠦᠰ ᠦ᠋ᠨ ᠴᠢᠷᠠᠢ ᠳ᠋ᠤ᠌ ᠭᠠᠢᠬᠠᠰᠢ ᠲᠣᠳᠣᠷᠠᠯ᠎ᠠ᠃ ᠨᠢᠭᠡᠨᠲᠡ ᠬᠠᠲᠤᠨ ᠡᠨᠡ ᠰᠢᠢᠳᠪᠦᠷᠢ ᠶ᠋ᠢ ᠭᠠᠷᠭᠠᠭᠰᠠᠨ ᠪᠣᠯᠬᠣᠷ ᠬᠡᠨ ᠶᠠᠭᠤ ᠬᠡᠯᠡᠬᠦ ᠪᠢᠯᠡ᠃ ᠢᠷᠡᠭᠰᠡᠨ ᠬᠥᠮᠦᠰ ᠪᠤᠴᠠᠭᠰᠠᠨ ᠤ᠋ ᠳᠠᠷᠠᠭ᠎ᠠ ᠬᠠᠲᠤᠨ ᠡᠬᠡ ᠶ᠋ᠢᠨ ᠢ᠋ᠶ᠋ᠡᠨ ᠳᠡᠷᠭᠡᠳᠡ ᠪᠦᠬᠦᠨ ᠢ᠋ ᠰᠣᠨᠣᠰᠴᠤ ᠪᠠᠢᠭᠰᠠᠨ ᠬᠥᠪᠡᠭᠦᠳ ᠰᠠᠶᠢ ᠪᠣᠯᠵᠤ ᠥᠩᠭᠡᠷᠡᠭᠰᠡᠨ ᠶᠠᠪᠤᠳᠠᠯ ᠲᠠᠢ ᠰᠠᠨᠠᠯ ᠨᠡᠢᠯᠡᠬᠦ ᠦᠭᠡᠢ ᠪᠠᠢᠭ᠎ᠠ ᠨᠢ ᠢᠯᠡᠳᠲᠡ ᠬᠠᠷᠠᠭᠳᠠᠨ᠎ᠠ᠃ ᠮᠥᠩᠬᠡ ᠪᠤᠰᠤᠳ ᠠ᠋ᠴᠠ ᠪᠠᠨ ᠲᠦᠷᠦᠭᠦᠯᠡᠨ ᠠᠮᠠ ᠨᠡᠭᠡᠭᠡᠵᠦ᠂
    —ᠡᠵᠢ ᠮᠢᠨᠢ᠃ ᠠᠷᠠᠢ ᠳᠡᠩᠳᠡᠭᠰᠡᠨ ᠬᠡᠷᠡᠭ ᠪᠣᠯᠤᠯ᠎ᠠ᠃ ᠪᠢᠳᠡᠨ ᠢ᠋ ᠥᠮᠥᠭᠯᠡᠬᠦ ᠡᠴᠢᠭᠡ ᠦᠭᠡᠢ ᠪᠣᠯᠬᠣᠷ ᠥᠮᠴᠢᠯᠡᠬᠦ ᠠᠷᠠᠳ ᠦᠭᠡᠢ ᠪᠣᠯᠭᠠᠬᠤ ᠭᠡᠵᠦ ᠬᠠᠭᠠᠨ ᠠᠪᠠᠭ᠎ᠠ ᠳᠤᠷ᠎ᠠ ᠮᠡᠳᠡᠨ ᠡᠢᠮᠦ ᠰᠢᠢᠳᠪᠦᠷᠢ ᠭᠠᠷᠭᠠᠵᠤ ᠪᠠᠢᠬᠤ ᠳ᠋ᠤ᠌ ᠲᠠ ᠶᠠᠭᠤᠨ ᠤ᠋ ᠤᠴᠢᠷ ᠲᠡᠭᠦᠨ ᠦ᠌ ᠦᠭᠡ ᠶ᠋ᠢ
 ᠳᠤᠭᠤᠯᠭᠠᠪᠤᠷᠢᠲᠠᠢ ᠳᠠᠭᠠᠨ᠎ᠠ ᠪᠣᠢ? ᠭᠡᠬᠦ ᠳ᠋ᠦ᠍᠂
    ᠤᠳᠠᠭᠠᠬᠢ ᠬᠦᠦ ᠬᠤᠪᠢᠯᠠᠢ ᠠᠬ᠎ᠠ ᠶ᠋ᠢᠨ ᠢ᠋ᠶ᠋ᠡᠨ ᠶᠠᠷᠢᠶ᠎ᠠ ᠶ᠋ᠢ ᠢᠯᠡᠳᠲᠡ ᠳᠡᠮᠵᠢᠵᠦ᠂ ᠨᠢᠳᠦ ᠪᠡᠨ ᠣᠨᠢᠢᠯᠭᠠᠨ᠂
      —ᠲᠡᠷᠡ ᠨᠢᠭᠡᠨ ᠴᠠᠭ ᠲᠤ ᠡᠪᠦᠭᠡ ᠶᠢᠰᠦᠭᠡᠢ ᠲᠠᠲ᠋ᠠᠷ ᠢᠷᠭᠡᠨ ᠳ᠋ᠦ᠍ ᠬᠣᠣᠷᠯᠠᠭᠳᠠᠵᠤ᠂ ᠥᠭᠡᠯᠦᠨ ᠡᠬᠡ ᠥᠨᠥᠴᠢᠨ ᠬᠥᠪᠡᠭᠦᠳ ᠲᠡᠢ ᠪᠡᠨ ᠦᠯᠡᠳᠡᠬᠦ ᠳ᠋ᠦ᠍ ᠲᠠᠷᠭᠤᠲᠠᠢ ᠲᠡᠷᠢᠭᠦᠲᠡᠢ ᠠᠬᠠᠨ ᠳᠡᠭᠦᠦᠰ ᠨᠢ ᠥᠭᠡᠯᠦᠨ ᠡᠮᠡᠭᠡ ᠡᠬᠡ ᠶ᠋ᠢ ᠪᠠᠭᠤᠷᠢᠨ ᠳᠡᠭᠡᠷ᠎ᠡ ᠨᠢ ᠬᠠᠷᠠᠯᠠᠭᠤᠯᠤᠨ ᠦᠯᠡᠳᠡᠭᠡᠵᠦ ᠪᠠᠢᠭᠰᠠᠨ ᠲᠠᠢ ᠠᠭᠠᠷ ᠨᠢᠭᠡᠨ ᠪᠠᠢᠨ᠎ᠠ᠃ ᠬᠠᠲᠤᠨ ᠡᠬᠡ ᠲᠠ ᠰᠢᠢᠳᠪᠦᠷᠢ ᠪᠡᠨ ᠡᠷᠭᠢᠵᠦ ᠬᠠᠷᠠ ᠭᠡᠯ᠎ᠡ᠃    
      ᠰᠤᠷᠬᠠᠭᠲᠠᠨᠢ ᠳ᠋ᠤ᠌ ᠲᠡᠷᠡ ᠨᠢᠭᠡᠨ ᠵᠢᠯ ᠦ᠋ᠨ ᠬᠤᠷᠠᠯᠳᠠᠢ ᠶ᠋ᠢᠨ ᠳᠠᠷᠠᠭ᠎ᠠ ᠡᠭᠡᠴᠢ ᠢᠪᠠᠭ᠎ᠠ ᠶ᠋ᠢ ᠵᠥᠷᠴᠢᠲᠠᠢ ᠳ᠋ᠤ᠌ ᠰᠣᠶᠣᠷᠬᠠᠨ ᠶᠠᠪᠤᠭᠤᠯᠤᠭᠰᠠᠨ ᠤ᠋ ᠬᠣᠢᠨ᠎ᠠ ᠭᠤᠨᠢᠭᠲᠤ ᠡᠳᠦᠷ ᠦ᠋ᠳ ᠦ᠋ᠨ ᠳᠤᠮᠳᠠ ᠥᠭᠡᠯᠦᠨ ᠡᠬᠡ ᠲᠡᠭᠦᠨ ᠢ᠋ ᠳᠠᠭᠠᠭᠤᠯᠤᠨ ᠶᠠᠪᠤᠵᠤ ᠲᠠᠯ᠎ᠠ ᠨᠤᠲᠤᠭ ᠤ᠋ᠨ ᠳᠤᠮᠳᠠ ᠣᠴᠢᠭᠠᠳ ᠶᠠᠷᠢᠵᠤ ᠪᠠᠢᠭᠰᠠᠨ ᠵᠦᠢᠯᠡᠰ ᠰᠠᠨᠠᠭᠠᠨ ᠳ᠋ᠤᠨᠢ ᠣᠷᠣᠯ᠎ᠠ᠃ ᠲᠡᠷᠡ ᠦᠶ᠎ᠡ ᠳ᠋ᠦ᠍ ᠥᠭᠡᠯᠦᠨ ᠡᠬᠡ ᠶᠠᠭ ᠡᠨᠡ ᠲᠤᠬᠠᠢ ᠶᠠᠷᠢᠵᠤ ᠪᠠᠢᠭᠰᠠᠨ᠃ ᠰᠠᠯᠬᠢᠨ ᠳ᠋ᠤ᠌ ᠬᠡᠢᠰᠬᠦ ᠪᠤᠭᠤᠷᠤᠯ ᠦᠰᠦ ᠪᠡᠨ ᠴᠢᠬᠢᠨ ᠦ᠌ ᠪᠡᠨ ᠠᠷᠤ ᠪᠠᠷ ᠬᠢᠬᠦ ᠵᠠᠭᠤᠷ᠎ᠠ ᠪᠠᠨ ᠲᠠᠯ᠎ᠠ ᠨᠤᠲᠤᠭ ᠢ᠋ᠶ᠋ᠠᠨ ᠪᠠᠬᠠᠳᠤᠨ ᠬᠠᠷᠠᠵᠤ᠂
    — ᠲᠠᠯ᠎ᠠ ᠨᠤᠲᠤᠭ ᠤ᠋ᠨ ᠬᠥᠮᠦᠨ ᠦ᠌ ᠰᠡᠳᠬᠢᠯ ᠠᠯᠠᠭᠠᠨ ᠳ᠋ᠤ᠌ ᠲᠠᠯᠪᠢᠭᠰᠠᠨ ᠶᠤᠮ ᠰᠢᠭ᠋ ᠢᠯᠡᠬᠡᠨ ᠪᠠᠢᠳᠠᠭ᠃ ᠲᠡᠷᠡ ᠦᠶ᠎ᠡ ᠳ᠋ᠦ᠍ ᠲᠠᠷᠭᠤᠲᠠᠢ ᠲᠡᠷᠢᠭᠦᠲᠡᠢ ᠠᠬᠠᠨ ᠳᠡᠭᠦᠦᠰ ᠮᠢᠨᠢ ᠨᠠᠮᠠᠶ᠋ᠢ ᠠᠷᠭ᠎ᠠ ᠦᠭᠡᠢ ᠳ᠋ᠡᠭᠡᠨ ᠣᠷᠬᠢᠭᠰᠠᠨ ᠶᠤᠮ ᠰᠢᠦ᠂ ᠲᠡᠳᠡᠨ ᠦ᠌ ᠵᠠᠷᠢᠮ ᠨᠢ ᠨᠠᠳᠠ ᠳ᠋ᠤ᠌ ᠥᠪᠡᠷ ᠦ᠋ᠨ ᠪᠡᠶ᠎ᠡ ᠪᠡᠷ ᠬᠡᠯᠡᠵᠦ ᠪᠠᠢᠭᠰᠠᠨ ᠶᠤᠮ᠃ ᠲᠡᠳᠡᠨ ᠳ᠋ᠦ᠍ ᠥᠭᠡᠷ᠎ᠡ ᠰᠣᠩᠭᠣᠯᠲᠠ ᠪᠠᠢᠭ᠎ᠠ ᠦᠭᠡᠢ ᠶᠦᠮ᠃ ᠲᠠᠯ᠎ᠠ ᠨᠤᠲᠤᠭ ᠲᠤ ᠳᠠᠰᠤᠨ ᠦᠯᠡᠳᠡᠬᠦ ᠶ᠋ᠢᠨ ᠲᠤᠯᠠᠳᠠ ᠲᠡᠳᠡ ᠪᠢᠳᠡᠨ ᠢ᠋ ᠣᠷᠬᠢᠭᠰᠠᠨ ᠶᠤᠮ ᠭᠡᠰᠡᠨ ᠦᠭᠡᠰ ᠰᠤᠷᠬᠠᠭᠲᠠᠨᠢ ᠶ᠋ᠢᠨ ᠴᠢᠬᠢᠨ ᠳ᠋ᠦ᠍ ᠳᠤᠭᠤᠯᠳᠠᠬᠤ ᠰᠢᠭ᠋ ᠪᠣᠯᠤᠯ᠎ᠠ᠃ ᠰᠤᠷᠬᠠᠭᠲᠠᠨᠢ᠄
    — ᠲᠡᠷᠡ ᠴᠠᠭ ᠲᠤ ᠥᠭᠡᠯᠦᠨ ᠡᠬᠡ ᠠᠬᠠᠨ ᠳᠡᠭᠦᠦᠰ ᠲᠡᠭᠡᠨ ᠭᠣᠮᠣᠳᠠᠭᠰᠠᠨ ᠪᠢᠯᠡ ᠤᠤ᠃ ᠲᠡᠳᠡ ᠠᠷᠭ᠎ᠠ ᠦᠭᠡᠢ ᠳ᠋ᠡᠭᠡᠨ ᠨᠡᠭᠦᠭᠰᠡᠨ ᠭᠡᠵᠦ ᠳᠠᠷᠠᠭ᠎ᠠ ᠨᠢ ᠥᠭᠡᠯᠦᠨ ᠡᠬᠡ ᠨᠠᠳᠠ ᠳ᠋ᠤ᠌ ᠬᠡᠯᠡᠵᠦ ᠪᠠᠢᠭᠰᠠᠨ᠃ ᠪᠢᠳᠡ ᠬᠣᠷᠣᠰᠤᠨ ᠭᠣᠮᠣᠳᠠᠬᠤ ᠪᠤᠰᠤ᠂ ᠬᠠᠷᠢᠨ ᠴᠤ᠌ ᠡᠨᠡ ᠪᠦᠬᠦᠨ ᠪᠢᠳᠡᠨ ᠢ᠋ ᠤᠯᠠᠮ ᠬᠦᠴᠦᠲᠡᠢ ᠪᠣᠯᠭᠠᠬᠤ ᠪᠤᠰᠤ ᠤᠤ᠃ ᠮᠢᠨᠦ ᠡᠨᠡ ᠰᠢᠢᠳᠪᠦᠷᠢ ᠶ᠋ᠢ ᠭᠠᠷᠭᠠᠭᠰᠠᠨ ᠤᠴᠢᠷ ᠪᠣᠯ ᠬᠦᠯᠢᠶᠡᠨ ᠵᠥᠪᠰᠢᠶᠡᠷᠡᠬᠦ ᠪᠠᠢᠭᠰᠠᠨ ᠶᠤᠮ᠃
    ᠬᠥᠪᠡᠭᠦᠳ ᠡᠬᠡ ᠶ᠋ᠢᠨ ᠢ᠋ᠶ᠋ᠡᠨ《ᠬᠦᠯᠢᠶᠡᠨ ᠵᠥᠪᠰᠢᠶᠡᠷᠡᠬᠦ》 ᠭᠡᠰᠡᠨ ᠦᠭᠡ ᠶ᠋ᠢ ᠤᠬᠠᠵᠤ ᠣᠢᠯᠠᠭᠠᠬᠤ ᠪᠠᠷ ᠭᠠᠰᠢᠯᠤᠨ ᠪᠠᠢᠯ᠎ᠠ᠃
    — ᠲᠠᠯ᠎ᠠ ᠨᠤᠲᠤᠭ ᠲᠤ ᠳᠠᠰᠤᠨ ᠦᠯᠡᠳᠡᠬᠦ ᠠᠷᠭ᠎ᠠ ᠵᠠᠮ ᠬᠢᠷᠢ ᠣᠯᠠᠨ ᠪᠠᠢᠳᠠᠭ ᠪᠣᠢ᠂ ᠶᠡᠬᠡ ᠭᠦᠷᠦᠨ ᠳ᠋ᠦ᠍ ᠴᠦ᠍ ᠲᠡᠷᠡ᠂ ᠡᠵᠡᠨ ᠦᠭᠡᠢ ᠲᠠᠯ᠎ᠠ ᠳ᠋ᠤ᠌ ᠴᠤ᠌ ᠲᠡᠷᠡ᠂ ᠳᠠᠰᠤᠨ ᠦᠯᠡᠳᠡᠬᠦ ᠠᠷᠭ᠎ᠠ ᠪᠣᠯ ᠬᠦᠯᠢᠶᠡᠨ ᠵᠥᠪᠰᠢᠶᠡᠷᠡᠬᠦ ᠪᠠᠢᠳᠠᠭ᠃ ᠪᠢ ᠲᠠ ᠨᠠᠷ ᠲᠤ ᠡᠨᠡ ᠮᠡᠲᠦ ᠵᠢᠱ᠌ᠢᠶ᠎ᠡ ᠶ᠋ᠢ ᠣᠯᠠᠨ ᠤᠳᠠᠭ᠎ᠠ ᠥᠭᠦᠯᠡᠭᠰᠡᠨ᠂ ᠮᠠᠷᠲᠠᠯ᠎ᠠ ᠭᠡᠵᠦ ᠤᠤ᠂ ᠪᠤᠯᠢᠶᠠᠭᠳᠠᠬᠤ ᠲᠣᠰᠤᠮ ᠤᠯᠠᠮ ᠶᠡᠬᠡ ᠶ᠋ᠢ ᠣᠯᠵᠤ᠂ ᠪᠤᠯᠠᠭᠤᠯᠬᠤ ᠲᠣᠰᠤᠮ ᠤᠯᠠᠮ ᠥᠭᠡᠳᠡ ᠭᠠᠷᠴᠤ ᠢᠷᠡᠬᠦ ᠶᠣᠰᠣᠲᠠᠢ ᠪᠠᠢᠲᠠᠯ᠎ᠠ ᠲᠠ ᠨᠠᠷ ᠵᠢᠷ ᠦ᠋ᠨ ᠢᠷᠭᠡᠳ ᠦ᠋ᠨ ᠠᠳᠠᠯᠢ ᠡᠨᠡ ᠮᠡᠲᠦ ᠬᠡᠷᠡᠭᠦᠯ ᠵᠠᠷᠭᠤ ᠬᠢᠬᠦ ᠶ᠋ᠢ ᠬᠦᠰᠡᠭᠡ ᠤᠤ ᠭᠡᠯ᠎ᠡ᠃
    ᠬᠡᠵᠢᠶᠡᠳᠡ ᠡᠬᠡ ᠶ᠋ᠢᠨ ᠦᠭᠡ ᠵᠥᠪ ᠪᠠᠢᠳᠠᠭ ᠢ᠋ ᠬᠥᠪᠡᠭᠦᠳ ᠮᠡᠳᠡᠬᠦ ᠪᠢᠯᠡ᠃ ᠭᠡᠪᠡᠴᠦ ᠲᠡᠪᠴᠢᠶᠡᠷᠢ ᠠᠯᠳᠠᠭᠤᠯᠤᠭᠰᠠᠨ ᠡᠨᠡ ᠬᠡᠷᠡᠭ ᠶᠠᠪᠤᠳᠠᠯ ᠲᠡᠳᠡᠨ ᠢ᠋ ᠤᠬᠠᠭᠠᠨ ᠪᠣᠳᠣᠯ ᠢ᠋ᠶ᠋ᠠᠨ ᠵᠢᠯᠣᠭᠣᠳᠴᠤ ᠠᠷᠠᠢᠬᠠᠨ ᠰᠤᠷᠤᠭ᠎ᠠ ᠦᠭᠡᠢ ᠪᠠᠢᠭ᠎ᠠ ᠶ᠋ᠢ ᠬᠠᠷᠠᠭᠤᠯᠵᠤ ᠪᠠᠢᠯ᠎ᠠ᠃ ᠰᠣᠷᠬᠠᠭᠳᠠᠨᠢ ᠬᠠᠲᠤᠨ ᠴᠠᠭᠠᠰᠢ ᠦᠷᠭᠦᠯᠵᠢᠯᠡᠭᠦᠯᠦᠨ᠂
   —ᠬᠡᠷᠪᠡ ᠪᠢᠳᠡ ᠥᠨᠥᠳᠥᠷ ᠬᠠᠭᠠᠨ ᠤ᠋ ᠥᠭᠡᠳᠡ ᠵᠠᠷᠭᠤ ᠮᠡᠳᠡᠭᠦᠯᠬᠦ ᠠᠪᠠᠰᠤ᠂ ᠨᠢᠭᠡᠨ ᠡᠳᠦᠷ ᠲᠩᠷᠢ ᠭᠠᠵᠠᠷ ᠤ᠋ᠨ ᠵᠠᠪᠰᠠᠷ ᠠ᠋ᠴᠠ ᠠᠷᠴᠢᠭᠳᠠᠨ᠎ᠠ᠃ ᠪᠢᠳᠡᠨ ᠳ᠋ᠦ᠍ ᠥᠮᠥᠭᠯᠡᠨ ᠲᠦᠰᠢᠬᠦ ᠬᠥᠮᠦᠨ ᠬᠡᠨ ᠪᠠᠢᠭ᠎ᠠ ᠪᠢᠯᠡ? ᠬᠠᠷᠢᠨ ᠲᠠ ᠨᠠᠷ ᠤ᠋ᠨ ᠡᠴᠢᠭᠡ ᠬᠡᠨ ᠦ᠌ ᠲᠥᠯᠥᠭᠡ ᠬᠠᠯᠠᠭᠤᠨ ᠠᠮᠢ ᠪᠠᠷ ᠢ᠋ᠶ᠋ᠠᠨ ᠥᠭᠯᠢᠭᠡ ᠥᠭᠴᠦ᠂ ᠶᠠᠭᠤᠨ ᠤ᠋ ᠲᠥᠯᠥᠭᠡ ᠪᠢᠳᠡᠨ ᠦ᠌ ᠵᠢᠷᠦᠬᠡ ᠶ᠋ᠢ ᠬᠠᠷᠠᠯᠠᠭᠤᠯᠤᠨ ᠣᠳᠤᠭᠰᠠᠨ ᠢ᠋ ᠤᠬᠠᠵᠤ ᠪᠣᠳᠣᠬᠤ ᠴᠠᠭ ᠨᠢ ᠪᠣᠯᠵᠠᠢ᠃ ᠡᠨᠡ ᠴᠠᠭ ᠠ᠋ᠴᠠ ᠬᠣᠢᠰᠢ ᠬᠠᠭᠠᠨ ᠡᠵᠡᠨ ᠦ᠌ ᠰᠠᠭᠤᠳᠠᠯ ᠳ᠋ᠤ᠌ ᠬᠡᠨ ᠴᠤ᠌ ᠰᠠᠭᠤᠭᠰᠠᠨ ᠦᠶ᠎ᠡ ᠳ᠋ᠦ᠍ ᠳᠤᠭᠤᠯᠭᠠᠪᠤᠷᠢᠲᠠᠢ ᠵᠠᠬᠢᠷᠤᠭᠳᠠᠵᠤ ᠶᠠᠪᠤ᠃ ᠢᠷᠭᠡᠳ ᠢ᠋ᠶ᠋ᠡᠨ ᠠᠯᠳᠠᠵᠤ ᠶᠠᠪᠤᠭᠰᠠᠨ ᠪᠠᠢᠭ᠎ᠠ ᠨᠢ ᠵᠥᠪᠬᠡᠨ ᠲᠠᠨᠠᠷ ᠪᠤᠰᠤ᠂ ᠨᠢᠭᠡᠨ ᠴᠠᠭ ᠲᠤ ᠡᠨᠡ ᠶᠡᠬᠡ ᠤᠯᠤᠰ ᠢ᠋ ᠪᠠᠢᠭᠤᠯᠬᠤ ᠠ᠋ᠴᠠ ᠡᠮᠦᠨ᠎ᠡ ᠲᠠ ᠨᠠᠷ ᠤ᠋ᠨ ᠡᠪᠦᠭᠡ ᠡᠴᠢᠭᠡ ᠴᠤ᠌ ᠥᠪᠡᠷ ᠦ᠋ᠨ ᠢᠷᠭᠡᠳ ᠢ᠋ᠶ᠋ᠡᠨ ᠠᠯᠳᠠᠵᠤ ᠦᠬᠦᠯ ᠠᠮᠢᠳᠤᠷᠠᠯ ᠤ᠋ᠨ ᠳᠤᠮᠳᠠᠭᠤᠷ ᠶᠠᠪᠤᠵᠤ ᠪᠠᠢᠭᠰᠠᠨ ᠤᠳᠠᠭ᠎ᠠ ᠲᠠᠢ᠃ ᠬᠠᠷᠢᠨ ᠡᠨᠡ ᠮᠡᠲᠦ ᠮᠠᠷᠭᠤᠭᠠᠨ ᠭᠠᠷᠭᠠᠬᠤ ᠶ᠋ᠢᠨ ᠣᠷᠣᠨ ᠳ᠋ᠤ᠌ ᠡᠪ ᠡᠶ᠎ᠡ ᠶ᠋ᠢ ᠰᠠᠬᠢᠨ ᠰᠠᠭᠤ ᠭᠡᠪᠡ᠃
    ᠬᠥᠪᠡᠭᠦᠳ ᠡᠬᠡ ᠶ᠋ᠢᠨ ᠢ᠋ᠶ᠋ᠡᠨ ᠦᠭᠡ ᠶ᠋ᠢ ᠤᠬᠠᠵᠤ ᠣᠢᠯᠠᠭᠠᠪᠠ ᠪᠣᠯᠤᠯᠲᠠᠢ᠂ ᠭᠡᠪᠡᠴᠦ ᠢᠯᠡᠳᠲᠡ ᠪᠠᠰᠤᠮᠵᠢᠯᠠᠭᠰᠠᠨ ᠡᠵᠡᠨ ᠬᠠᠭᠠᠨ ᠤ᠋ ᠡᠨᠡ ᠦᠢᠯᠡᠳᠦᠯ ᠲᠡᠳᠡᠨ ᠦ᠌ ᠰᠡᠳᠬᠢᠯ ᠦ᠋ᠨ ᠰᠢᠷᠬ᠎ᠠ ᠶ᠋ᠢ ᠡᠪᠡᠳᠬᠡᠨ ᠪᠠᠢᠯ᠎ᠠ᠃
    ᠬᠠᠷᠠᠬᠣᠷᠣᠮ ᠳ᠋ᠠᠬᠢ ᠡᠵᠡᠨ ᠬᠠᠭᠠᠨ ᠤ᠋ ᠣᠷᠳᠣᠨ ᠳ᠋ᠤ᠌ ᠥᠭᠡᠳᠡᠢ ᠬᠠᠭᠠᠨ ᠦᠳᠡᠰᠢ ᠪᠦᠷᠢ ᠰᠠᠷᠬᠤᠳ ᠬᠦᠷᠲᠡᠨ ᠰᠠᠭᠤᠬᠤ ᠨᠢ ᠣᠯᠠᠰᠢᠷᠠᠵᠠᠢ᠃ ᠣᠷᠣᠢ ᠦᠳᠡᠰᠢ ᠶ᠋ᠢᠨ ᠴᠠᠭ ᠢ᠋ᠶ᠋ᠠᠷ ᠣᠩᠭᠣᠨ ᠰᠢᠲᠦᠭᠡᠨ ᠲᠡᠢ ᠶᠠᠷᠢᠨ ᠢᠩᠭᠢᠵᠦ ᠰᠠᠭᠤᠬᠤ ᠡᠳᠦᠷ ᠬᠠᠭᠠᠨ ᠳ᠋ᠤ᠌ ᠬᠡᠲᠦᠷᠬᠡᠢ ᠣᠯᠠᠨ ᠪᠣᠯᠤᠭᠠᠳ ᠪᠠᠢᠯ᠎ᠠ᠃ ᠶᠡᠬᠡ ᠬᠤᠷᠠᠯᠲᠠᠢ ᠠ᠋ᠴᠠ ᠵᠠᠷᠯᠠᠭᠰᠠᠨ ᠲᠡᠢᠨ ᠦ᠌ ᠲᠣᠭᠣᠰᠣ ᠲᠠᠲᠠᠬᠤ ᠬᠠᠷᠠᠬᠠᠨ ᠪᠣᠯᠤᠭ᠎ᠠ ᠦᠭᠡᠢ ᠲᠤᠯᠠ ᠬᠠᠭᠠᠨ ᠡᠵᠡᠨ ᠬᠠᠷᠠᠬᠣᠷᠣᠮ ᠳ᠋ᠠᠭᠠᠨ ᠰᠠᠭᠠᠳᠠᠨ ᠬᠡᠳᠦᠨ ᠰᠠᠷ᠎ᠠ ᠶ᠋ᠢ ᠠᠮᠤᠷ  ᠵᠢᠮᠦᠷ ᠥᠩᠭᠡᠷᠡᠭᠦᠯᠪᠡ᠃
     ᠲᠠᠯ᠎ᠠ ᠨᠤᠲᠤᠭ ᠤ᠋ᠨ ᠳᠡᠭᠡᠭᠦᠷ ᠢᠰᠬᠡᠷᠬᠦ ᠰᠠᠯᠬᠢᠨ ᠳᠠᠩᠴᠤ ᠰᠢᠷᠦᠭᠦᠨ᠃ ᠡᠪᠦᠯ ᠦ᠋ᠨ ᠴᠠᠭ ᠲᠤ ᠪᠣᠯ ᠬᠠᠷᠠᠬᠣᠷᠣᠮ ᠳ᠋ᠤ᠌ ᠨᠢᠳᠦ ᠦᠭᠡᠢ ᠴᠠᠰᠤᠨ ᠰᠢᠭᠤᠷᠭ᠎ᠠ ᠳᠡᠭᠳᠡᠵᠦ᠂ ᠬᠥᠮᠦᠰ ᠭᠠᠵᠠᠷ ᠲᠤ᠌ ᠵᠣᠭᠰᠣᠵᠤ ᠴᠢᠳᠠᠯ ᠦᠭᠡᠢ ᠳᠣᠭᠣᠭᠰᠢ ᠰᠥᠬᠥᠷᠡᠨ ᠬᠡᠪᠲᠡᠵᠦ᠂ ᠰᠢᠷᠦᠭᠦᠨ ᠰᠠᠯᠬᠢ ᠰᠢᠭᠤᠷᠭ᠎ᠠ ᠶ᠋ᠢ ᠨᠠᠮᠳᠠᠭᠠᠬᠤ ᠨᠢ ᠬᠡᠪ ᠦ᠋ᠨ ᠦᠵᠡᠭᠳᠡᠯ ᠪᠣᠯᠤᠭᠠᠳ ᠪᠠᠢᠯ᠎ᠠ᠃ ᠬᠠᠷᠢᠨ ᠬᠠᠪᠤᠷ ᠨᠠᠮᠤᠷ ᠤ᠋ᠨ ᠴᠠᠭ ᠲᠤ᠌ ᠰᠢᠷᠣᠢ ᠪᠠᠷ ᠨᠢᠳᠦ ᠦᠭᠡᠢ ᠰᠢᠭᠤᠷᠬᠤ ᠡᠨᠡ ᠲᠠᠯ᠎ᠠ ᠭᠠᠵᠠᠷ ᠠᠯᠲᠠᠨ ᠤᠷᠤᠭ ᠤ᠋ᠨ ᠬᠢᠨ ᠦ᠌ ᠥᠰᠴᠦ ᠲᠣᠮᠣ ᠪᠣᠯᠤᠭᠰᠠᠨ ᠬᠥᠳᠡᠭᠡ ᠠᠷᠠᠯ ᠤ᠋ᠨ ᠲᠡᠷᠲᠡᠭᠡᠬᠢ ᠨᠤᠲᠤᠭ ᠠ᠋ᠴᠠ ᠥᠭᠡᠷ᠎ᠡ ᠪᠠᠢᠯ᠎ᠠ᠃ ᠨᠠᠮᠤᠷ ᠤ᠋ᠨ ᠰᠡᠷᠢᠭᠦᠦ ᠣᠷᠣᠵᠤ᠂ ᠬᠠᠷᠠᠬᠣᠷᠣᠮ ᠤ᠋ᠨ ᠳᠡᠭᠡᠭᠦᠷ ᠲᠡᠨᠦᠮᠡᠯ ᠰᠠᠯᠬᠢᠨ ᠬᠡᠢ ᠡᠷᠭᠢᠵᠦ᠂ ᠬᠥᠮᠦᠨ ᠮᠠᠯ ᠢ᠋ ᠲᠤᠢᠯᠳᠠᠭᠤᠯᠬᠤ ᠬᠦᠢᠲᠡᠨ ᠴᠠᠭ ᠤ᠋ᠨ ᠳᠣᠬᠢᠶ᠎ᠠ ᠶ᠋ᠢ ᠥᠭᠭᠦᠨ ᠪᠠᠶ᠋ᠢᠬᠰᠠᠨ ᠲᠡᠷᠡ ᠡᠳᠦᠷ ᠥᠭᠡᠳᠡᠢ ᠬᠠᠭᠠᠨ ᠰᠢᠲᠦᠭᠡᠨ ᠦ᠌ ᠦᠷᠭᠦᠭᠡᠨ ᠳ᠋ᠡᠭᠡᠨ ᠰᠠᠭᠠᠳᠠᠨ ᠰᠠᠷᠬᠤᠳ ᠬᠦᠷᠲᠡᠨ ᠰᠠᠭᠤᠬᠤ ᠠᠵᠢ᠃ ᠲᠡᠷᠡ ᠪᠡᠷ ᠣᠩᠭᠣᠨ ᠰᠢᠲᠦᠭᠡᠨ ᠦ᠌ ᠡᠮᠦᠨ᠎ᠡ ᠨᠢᠭᠡᠨ ᠬᠤᠨᠳᠠᠭ᠎ᠠ ᠰᠠᠷᠬᠤᠳ᠂ ᠥᠪᠡᠷ ᠦ᠋ᠨ ᠡᠮᠦᠨ᠎ᠡ ᠪᠠᠰᠠ ᠨᠢᠭᠡᠨ ᠬᠤᠨᠳᠠᠭ᠎ᠠ ᠰᠠᠷᠬᠤᠳ ᠲᠠᠯᠪᠢᠨ ᠲᠤᠬᠠᠯᠠᠵᠠᠢ᠃ ᠥᠭᠡᠳᠡᠢ ᠬᠠᠭᠠᠨ ᠤ᠋ ᠵᠦᠭ ᠨᠢᠯᠪᠤᠰᠤ ᠲᠠᠢ ᠨᠢᠳᠦ ᠪᠡᠷ ᠬᠠᠷᠠᠨ ᠰᠠᠭᠤᠬᠤ ᠠᠭᠠᠳ ᠬᠠᠭᠠᠨ ᠬᠥᠮᠦᠨ ᠠᠲᠠᠯ᠎ᠠ ᠡᠢᠮᠦ ᠶᠡᠬᠡ ᠭᠤᠨᠢᠭ᠂ ᠬᠠᠷᠠᠭᠤᠰᠤᠯ ᠲᠡᠭᠦᠨ ᠦ᠌ ᠴᠡᠭᠡᠵᠢᠨ ᠡᠴᠡ ᠶᠠᠭᠤᠨ ᠤ᠋ ᠤᠴᠢᠷ ᠭᠠᠷᠬᠤ ᠪᠢᠯᠡ ᠭᠡᠮᠡᠨ ᠬᠠᠷᠠᠴᠤ ᠠᠷᠠᠳ ᠪᠣᠯ ᠭᠠᠢᠬᠠᠨ ᠪᠣᠳᠣᠮᠠᠷ ᠭᠤᠨᠢᠭ ᠲᠠᠢ᠃
    — ᠵᠢᠷᠦᠬᠡ ᠮᠢᠨᠢ ᠡᠪᠡᠳᠴᠦ᠂ ᠵᠡᠭᠦᠳᠦ ᠮᠢᠨᠢ ᠲᠥᠭᠡᠷᠢᠬᠦ ᠪᠣᠯᠤᠭᠰᠠᠨ ᠤ᠋ ᠤᠴᠢᠷ ᠶᠠᠭᠤ ᠪᠢᠯᠡ᠃ ᠠᠪᠤᠷᠠᠯ ᠡᠷᠢᠭᠰᠡᠨ ᠨᠢᠳᠦ ᠪᠡᠷ ᠡᠴᠦᠰ ᠦ᠋ᠨ ᠤᠳᠠᠭ᠎ᠠ ᠥᠭᠡᠳᠡ
 ᠡᠴᠡ ᠮᠢᠨᠢ ᠬᠠᠷᠠᠭᠠᠳ ᠣᠳᠤᠭᠰᠠᠨ᠂ ᠠᠮᠢᠨ ᠠ᠋ᠴᠠ ᠬᠠᠢᠷᠠᠲᠠᠢ ᠳᠡᠭᠦᠦ ᠮᠢᠨᠢ ᠴᠢ ᠳᠡᠷᠭᠡᠳᠡ ᠠᠯᠠᠭ᠎ᠠ᠂ ᠤᠨᠲᠠᠵᠤ ᠪᠠᠢᠬᠤ ᠳ᠋ᠠᠭᠠᠨ ᠰᠡᠷᠡᠵᠦ ᠴᠢᠳᠠᠬᠤ ᠦᠭᠡᠢ ᠠᠯᠵᠢᠶᠠᠵᠤ᠂ ᠤᠮᠠᠷᠲᠠᠵᠤ ᠪᠠᠢᠬᠤ ᠳ᠋ᠠᠭᠠᠨ ᠰᠠᠨᠠᠵᠤ ᠴᠢᠳᠠᠬᠤ ᠦᠭᠡᠢ ᠰᠠᠭᠠᠲᠠᠬᠤ ᠶᠤᠮ᠃ ᠥᠨᠥ ᠨᠠᠳᠠ ᠳ᠋ᠤ᠌ ᠳᠡᠷᠭᠡᠳᠡ ᠮᠢᠨᠢ ᠬᠡᠨ ᠪᠠᠢᠵᠤ ᠳᠡᠭᠦᠦ ᠶ᠋ᠢᠨ ᠦᠨᠡᠨ ᠢ᠋ ᠰᠠᠨᠠᠭᠤᠯᠬᠤ ᠰᠠᠨ ᠪᠢᠯᠡ ᠭᠡᠳ ᠥᠪᠡᠷ ᠦ᠋ᠨ ᠡᠮᠦᠨᠡᠬᠢ ᠰᠠᠷᠬᠤᠳ ᠢ᠋ ᠠᠪᠤᠨ ᠤᠤᠭᠤᠯ᠎ᠠ᠃ ᠲᠤᠯᠤᠢ ᠡᠵᠡᠨ ᠦ᠌ ᠥᠪᠡᠷ ᠦ᠋ᠨ ᠬᠢᠨᠢ ᠡᠮᠦᠨ᠎ᠡ ᠡᠴᠡ ᠲᠩᠷᠢ ᠪᠣᠯᠤᠨ ᠵᠣᠯᠢᠶᠠᠨ ᠳ᠋ᠤ᠌ ᠣᠳᠤᠭᠰᠠᠨ ᠡᠳᠦᠷ ᠥᠭᠡᠳᠡᠢ ᠬᠠᠭᠠᠨ ᠤ᠋ ᠵᠢᠷᠦᠬᠡ ᠰᠡᠳᠬᠢᠯ ᠳ᠋ᠦ᠍ ᠭᠦᠨ ᠭᠦᠨᠵᠡᠭᠡᠢ ᠰᠢᠷᠬ᠎ᠠ ᠶ᠋ᠢ ᠠᠪᠴᠢᠷᠠᠵᠠᠢ᠃ ᠪᠦᠬᠦᠨ ᠢ᠋ ᠡᠵᠡᠯᠡᠭᠰᠡᠨ ᠶᠡᠬᠡ ᠬᠠᠭᠠᠨ᠂ ᠬᠥᠮᠦᠨ ᠪᠦᠬᠦᠨ ᠦ᠌ ᠡᠵᠡᠨ ᠬᠠᠭᠠᠨ ᠠᠲᠠᠯ᠎ᠠ ᠭᠠᠭᠴᠠᠭᠠᠷᠳᠠᠨ ᠰᠠᠭᠤᠬᠤ ᠶ᠋ᠢᠨ ᠤᠴᠢᠷ ᠶᠠᠭᠤ ᠪᠢᠯᠡ᠃ ᠳᠡᠷᠭᠡᠳᠡ ᠨᠢ ᠲᠩᠷᠢ ᠪᠣᠯᠤᠭᠰᠠᠨ ᠳᠡᠭᠦᠦ ᠶ᠋ᠢ ᠨᠢ ᠣᠷᠣᠯᠠᠬᠤ ᠬᠥᠮᠦᠨ ᠦᠭᠡᠢ ᠰᠠᠨᠠᠭᠳᠠᠨ᠎ᠠ᠃ ᠣᠩᠭᠣ ᠰᠢᠲᠦᠭᠡᠨ ᠦ᠌ ᠦᠷᠭᠦᠭᠡᠨ ᠳ᠋ᠦ᠍ ᠦᠳᠡᠰᠢ ᠪᠦᠷᠢ ᠲᠩᠷᠢ ᠪᠣᠯᠤᠭᠰᠠᠨ ᠬᠠᠭᠠᠨ ᠡᠴᠢᠭᠡ᠂ ᠵᠣᠯᠢᠶ᠎ᠠ ᠪᠣᠯᠤᠭᠰᠠᠨ ᠤᠳᠬᠤᠨ ᠳᠡᠭᠦᠦ ᠲᠡᠢ ᠪᠡᠨ ᠲᠡᠷᠡ ᠢᠩᠭᠢᠵᠦ ᠶᠠᠷᠢᠵᠤ᠂ ᠳᠣᠲᠣᠷ᠎ᠠ ᠨᠢ ᠠᠭᠤᠵᠢᠷᠠᠬᠤ ᠪᠣᠯᠵᠠᠢ᠃ ᠥᠭᠡᠳᠡᠢ ᠬᠠᠭᠠᠨ ᠬᠡᠳᠦᠨ ᠬᠤᠨᠳᠠᠭ᠎ᠠ ᠰᠠᠷᠬᠤᠳ ᠡᠢᠨ ᠬᠦᠷᠲᠡᠭᠡᠳ ᠠᠶᠠᠭᠠᠴᠢᠳ ᠢ᠋ ᠭᠠᠳᠠᠭᠰᠢ ᠭᠠᠷᠭᠠᠨ ᠬᠡᠰᠡᠭ ᠰᠠᠭᠤᠪᠠ᠃
ᠤᠳᠠᠭᠠᠨ ᠰᠠᠭᠤᠭᠰᠠᠨ ᠤ᠋ ᠡᠴᠦᠰ ᠲᠦ᠍ ᠰᠠᠶᠢ ᠰᠢᠲᠦᠭᠡᠨ ᠦ᠌ ᠥᠭᠡᠳᠡ ᠡᠴᠡ ᠠᠮᠠ ᠨᠡᠭᠡᠭᠡᠵᠦ᠂
    — ᠰᠣᠭᠲᠣᠪᠠ ᠪᠢ᠃ ᠰᠡᠳᠬᠢᠯ ᠮᠢᠨᠢ ᠠᠮᠠᠷᠠᠪᠠ᠃ ᠰᠠᠷᠬᠤᠳ ᠤ᠋ᠨ ᠬᠦᠴᠦᠨ ᠪᠡᠶ᠎ᠡ ᠳ᠋ᠦ᠍ ᠠᠰᠠᠵᠤ᠂ ᠰᠡᠳᠬᠢᠯ ᠦ᠋ᠨ ᠰᠢᠷᠬ᠎ᠠ ᠶ᠋ᠢ ᠠᠮᠤᠷᠯᠢᠭᠤᠯᠪᠠ ᠭᠡᠵᠦ ᠬᠡᠯᠡᠭᠡᠳ ᠰᠢᠲᠦᠭᠡᠨ ᠦ᠌ ᠦᠷᠭᠦᠭᠡᠨ ᠡᠴᠡ ᠭᠠᠷᠴᠤ ᠶᠠᠪᠤᠯ᠎ᠠ᠃ ᠭᠠᠳᠠᠭ᠎ᠠ ᠲᠩᠷᠢ ᠰᠠᠷᠠᠭᠤᠯ ᠬᠢᠷᠢᠨ᠎ᠡ ᠨᠠᠮᠤᠷ ᠣᠷᠣᠢ ᠶ᠋ᠢᠨ ᠵᠡᠪᠡᠷᠡᠭᠦᠨ ᠰᠠᠯᠬᠢ ᠬᠠᠪᠢᠷᠭ᠎ᠠ ᠨᠡᠪᠲᠡ ᠦᠯᠢᠶᠡᠨ ᠰᠡᠢᠭᠡᠨ᠎ᠡ᠃ ᠬᠠᠷᠠᠬᠣᠷᠣᠮ ᠤ᠋ᠨ ᠣᠯᠠᠨ ᠲᠦᠮᠡᠨ ᠦ᠌ ᠬᠥᠯ ᠲᠠᠲᠠᠭᠤᠷᠠᠵᠤ᠂ ᠲᠡᠨᠦᠮᠡᠯ ᠬᠤᠳᠠᠯᠳᠤᠭᠠᠴᠢᠳ ᠳᠤᠯᠠᠭᠠᠨ ᠭᠠᠵᠠᠷ ᠪᠠᠷᠠᠳᠠᠨ ᠤᠨᠲᠠᠬᠤ ᠪᠠᠷ ᠣᠳᠤᠭᠰᠠᠨ ᠲᠡᠷᠭᠡᠯ ᠰᠠᠷᠠ ᠲᠠᠢ ᠰᠥᠨᠢ ᠬᠠᠭᠠᠨ ᠡᠵᠡᠨ ᠣᠯᠠᠨ ᠬᠥᠯᠬᠢᠭᠰᠡᠨ ᠬᠠᠷᠠᠬᠣᠷᠣᠮ ᠤ᠋ᠨ ᠰᠠᠯᠬᠢᠨ ᠳ᠋ᠤ᠌ ᠬᠡᠰᠡᠭ ᠵᠣᠭᠰᠣᠭᠠᠳ ᠠᠮᠠᠷᠠᠬᠤ ᠪᠠᠷ ᠦᠷᠭᠦᠭᠡᠨ ᠳ᠋ᠡᠭᠡᠨ ᠮᠣᠷᠢᠯᠠᠯ᠎ᠠ᠃
    ᠮᠠᠷᠭᠠᠰᠢ ᠥᠷᠯᠥᠭᠡ ᠨᠠᠷᠠ ᠳᠡᠭᠡᠷ᠎ᠡ ᠮᠠᠨᠳᠤᠭᠰᠠᠨ ᠬᠣᠢᠨ᠎ᠠ ᠬᠠᠭᠠᠨ ᠤ᠋ ᠰᠢᠳᠠᠷ ᠲᠦᠰᠢᠮᠡᠳ᠂ ᠪᠠᠷ᠎ᠠ ᠪᠣᠯᠣᠭᠰᠠᠳ᠂ ᠥᠷᠯᠥᠭ ᠵᠠᠩᠵᠤᠳ᠂ ᠬᠠᠭᠠᠨ ᠳ᠋ᠤ᠌ ᠪᠠᠷᠠᠯᠬᠠᠬᠤ ᠪᠠᠷ ᠣᠷᠣᠵᠤ ᠢᠷᠡᠪᠡ᠃ ᠲᠡᠳᠡᠨ ᠦ᠌ ᠶᠠᠷᠢᠶ᠎ᠠ ᠤᠳᠠᠬᠤ ᠦᠭᠡᠢ ᠵᠠᠮ ᠳ᠋ᠤ᠌ ᠭᠠᠷᠬᠤ ᠶᠡᠬᠡ ᠠᠶᠠᠨ ᠲᠡᠢᠨ ᠦ᠌ ᠲᠤᠬᠠᠢ ᠦᠷᠭᠦᠯᠵᠢᠯᠡᠵᠦ᠂ ᠥᠭᠡᠳᠡᠢ ᠬᠠᠭᠠᠨ ᠥᠪᠡᠷ ᠦ᠋ᠨ ᠪᠡᠶ᠎ᠡ ᠪᠡᠷ ᠡᠮᠦᠨ᠎ᠡ ᠵᠦᠭ ᠲᠦ᠍ ᠳᠠᠢᠳᠤᠬᠤ ᠲᠥᠯᠥᠪᠯᠡᠭᠡ ᠪᠡᠨ ᠪᠣᠯᠪᠠᠰᠤᠷᠠᠭᠤᠯᠤᠨ ᠪᠠᠢᠬᠤ ᠳ᠋ᠤ᠌ ᠥᠨᠥ ᠬᠢᠷᠢ ᠬᠠᠷᠠᠬᠣᠷᠣᠮ ᠳ᠋ᠤ᠌ ᠰᠠᠭᠠᠲᠠᠭᠠᠳ ᠪᠠᠢᠭᠰᠠᠨ ᠬᠠᠨ ᠬᠥᠪᠡᠭᠦᠳ ᠪᠠᠷᠠᠭᠤᠨ ᠲᠠᠢᠰᠢ ᠬᠢᠬᠦ ᠠᠶᠠᠨ ᠲᠡᠢᠨ ᠢ᠋ᠶ᠋ᠡᠨ ᠲᠥᠯᠥᠪᠯᠡᠯ᠎ᠡ᠃ ᠡᠨᠡ ᠦᠶ᠎ᠡ ᠪᠡᠷ ᠰᠤᠷᠬᠠᠭᠲᠠᠨᠢ ᠬᠠᠲᠤᠨ ᠤ᠋ ᠲᠣᠮᠣ ᠬᠦᠦ ᠮᠥᠩᠬᠡ ᠬᠠᠷᠠᠬᠠᠨ ᠢᠷᠡᠵᠦ ᠠᠮᠵᠢᠭ᠎ᠠ ᠦᠭᠡᠢ ᠪᠠᠢᠭᠰᠠᠨ ᠲᠤᠯᠠ ᠲᠡᠭᠦᠨ ᠦ᠌ ᠬᠡᠵᠢᠶ᠎ᠡ ᠪᠠᠷᠠᠯᠬᠠᠨ ᠢᠷᠡᠬᠦ ᠶ᠋ᠢ ᠠᠰᠠᠭᠤᠬᠤ ᠳ᠋ᠤ᠌ ᠰᠢᠳᠠᠷ ᠲᠦᠰᠢᠮᠡᠳ ᠦ᠋ᠨ ᠨᠢᠭᠡᠨ ᠬᠠᠭᠠᠨ ᠳ᠋ᠤ᠌ ᠬᠠᠨᠳᠤᠨ᠄
    —ᠮᠥᠩᠬᠡ ᠡᠵᠡᠨ᠂ ᠬᠠᠭᠠᠨ ᠤ᠋ ᠵᠠᠷᠯᠢᠭ ᠢ᠋ ᠭᠦᠢᠴᠡᠯᠳᠦᠭᠦᠯᠦᠨ ᠥᠪᠡᠷ ᠦ᠋ᠨ ᠢᠷᠭᠡᠳ ᠢ᠋ᠶ᠋ᠡᠨ ᠬᠠᠨ ᠬᠦᠦ ᠭᠤᠳᠠᠨ ᠳ᠋ᠤ᠌ ᠬᠦᠯᠢᠶᠡᠯᠭᠡᠨ ᠥᠭᠭᠦᠭᠡᠳ ᠢᠷᠡᠬᠦ ᠪᠣᠯᠤᠭᠰᠠᠨ ᠲᠤᠬᠠᠢ ᠮᠡᠳᠡᠭᠳᠡᠪᠡ ᠬᠡᠮᠡᠬᠦ ᠳ᠋ᠦ᠍ ᠥᠭᠡᠳᠡᠢ ᠬᠠᠭᠠᠨ᠄
    — ᠨᠠᠭᠠᠰᠢ ᠢᠷᠡᠬᠦ ᠠᠵᠢᠯ ᠊ᠢ ᠶᠠᠭᠠᠷᠠᠪᠴᠢᠯᠠᠬᠤ ᠦᠭᠡᠢ ᠬᠡᠲᠦᠷᠬᠡᠢ ᠠᠯᠭᠤᠷᠯᠠᠭᠠᠳ ᠪᠠᠢᠨ᠎ᠠ᠃ ᠴᠣᠬᠣᠮ ᠶᠠᠭᠤ ᠪᠣᠯᠤᠭᠠᠳ ᠪᠠᠢᠭ᠎ᠠ ᠶ᠋ᠢ ᠮᠡᠳᠡᠵᠦ ᠪᠠᠢᠭ᠎ᠠ ᠬᠥᠮᠦᠨ ᠪᠠᠢᠨ᠎ᠠ ᠤᠤ ᠭᠡᠵᠦ ᠠᠰᠠᠭᠤᠬᠤ ᠳ᠋ᠤ᠌ ᠨᠥᠭᠦᠭᠡ ᠲᠦᠰᠢᠮᠡᠯ᠄
     —ᠰᠤᠷᠬᠠᠭᠲᠠᠨᠢ ᠬᠠᠲᠤᠨ ᠤ᠋ ᠡᠵᠡᠮᠰᠢᠯ ᠳ᠋ᠦ᠍ ᠪᠠᠢᠭᠰᠠᠨ ᠠᠷᠠᠳ ᠢᠷᠭᠡᠳ ᠬᠠᠲᠤᠨ ᠳ᠋ᠤ᠌ ᠪᠠᠷᠠᠯᠬᠠᠵᠤ ᠴᠢᠩᠭᠢᠰ ᠬᠠᠭᠠᠨ ᠤ᠋ ᠠᠮᠢᠳᠤ ᠰᠡᠷᠡᠭᠦᠨ ᠠᠬᠤᠢ ᠳ᠋ᠠᠭᠠᠨ ᠬᠦᠯᠢᠶᠡᠯᠭᠡᠨ ᠥᠭᠭᠦᠭᠰᠡᠨ ᠬᠥᠮᠦᠨ ᠠᠷᠠᠳ ᠢ᠋ ᠥᠭᠡᠳᠡᠢ ᠬᠠᠭᠠᠨ ᠳᠤᠷ᠎ᠠ ᠮᠡᠳᠡᠨ ᠠᠪᠴᠤ ᠪᠠᠢᠭ᠎ᠠ ᠲᠤᠯᠠ ᠶᠡᠬᠡ ᠬᠠᠭᠠᠨ ᠤ᠋ ᠵᠠᠷᠯᠢᠭ ᠢ᠋ ᠵᠥᠷᠢᠴᠡᠵᠦ ᠪᠠᠢᠭ᠎ᠠ ᠥᠭᠡᠳᠡᠢ ᠬᠠᠭᠠᠨ ᠳ᠋ᠤ᠌ ᠵᠠᠷᠭᠤ ᠮᠡᠳᠡᠭᠦᠯᠦᠨ᠎ᠡ ᠤᠤ ᠭᠡᠮᠡᠨ ᠤᠯᠠᠮᠵᠢᠯᠠᠭᠰᠠᠨ ᠪᠠᠢᠨ᠎ᠠ ᠭᠡᠰᠡᠨ ᠦᠭᠡ ᠶ᠋ᠢ ᠰᠣᠨᠣᠰᠤᠭᠠᠳ ᠥᠭᠡᠳᠡᠢ ᠬᠠᠭᠠᠨ ᠠᠭᠤᠷᠰᠠᠪᠠ᠃
    —ᠵᠠᠷᠭᠤ ᠮᠡᠳᠡᠭᠦᠯ ᠭᠡᠨ᠎ᠡ? ᠭᠡᠬᠦ ᠳ᠋ᠦ᠍ ᠲᠦᠰᠢᠮᠡᠯ ᠬᠠᠭᠠᠨ ᠤ᠋ ᠰᠦᠷ ᠡᠴᠡ ᠳᠠᠯᠳᠢᠷᠠᠨ᠂
    — ᠰᠤᠷᠬᠠᠭᠲᠠᠨᠢ ᠬᠠᠲᠤᠨ ᠲᠠᠨ ᠤ᠋ ᠵᠠᠷᠯᠢᠭ ᠢ᠋ ᠳᠠᠮᠵᠢᠨ ᠬᠦᠯᠢᠶᠡᠵᠦ ᠠᠪᠤᠭᠰᠠᠨ ᠲᠤᠯᠠ ᠰᠠᠨᠠᠭ᠎ᠠ ᠵᠣᠪᠠᠬᠤ ᠦᠭᠡᠢ ᠪᠠᠢᠵᠤ ᠪᠣᠯᠤᠨ᠎ᠠ᠃ ᠲᠡᠷᠡ ᠥᠪᠡᠷ ᠦ᠋ᠨ ᠥᠮᠴᠢ ᠢᠷᠭᠡᠨ ᠢ᠋ᠶ᠋ᠡᠨ ᠬᠠᠭᠠᠨ ᠲᠠᠨ ᠤ᠋ ᠬᠦᠦ ᠭᠣᠳᠠᠨ ᠳ᠋ᠤ᠌ ᠭᠠᠷ ᠰᠤᠩᠭᠠᠨ ᠥᠭᠴᠦ ᠪᠠᠢᠭ᠎ᠠ᠃ ᠲᠡᠷᠡ ᠴᠦ᠍ ᠪᠦᠦ ᠬᠡᠯᠡ ᠲᠡᠨᠳᠡ ᠢᠷᠡᠭᠰᠡᠨ ᠬᠥᠮᠦᠰ ᠲᠦ᠍《ᠲᠠ ᠨᠠᠷ ᠤ᠋ᠨ ᠵᠥᠪ᠂ ᠭᠡᠪᠡᠴᠦ ᠲᠩᠷᠢ ᠶ᠋ᠢᠨ ᠳᠣᠣᠷ᠎ᠠ ᠨᠢᠭᠡ ᠯᠡ ᠬᠠᠭᠠᠨ ᠪᠠᠢᠬᠤ ᠲᠤᠯᠠ ᠲᠡᠭᠦᠨ ᠦ᠌ ᠰᠢᠢᠳᠪᠦᠷᠢ ᠶ᠋ᠢ ᠪᠦᠬᠦ ᠬᠥᠮᠦᠨ ᠳᠠᠭᠠᠬᠤ ᠨᠢ ᠬᠠᠤᠯᠢ ᠤᠴᠢᠷ᠂ ᠦᠯᠦ ᠵᠥᠷᠢᠴᠡᠵᠦ ᠪᠣᠯᠤᠨ᠎ᠠ᠂ ᠪᠢᠳᠡᠨ ᠦ᠌ ᠥᠪ ᠵᠠᠯᠭᠠᠮᠵᠢᠯᠠᠯ ᠬᠠᠭᠠᠨ ᠤ᠋ ᠰᠦᠷ ᠬᠦᠴᠦᠨ ᠦ᠌ ᠬᠠᠵᠠᠭᠤ ᠳ᠋ᠤ᠌ ᠶᠠᠭᠤ ᠪᠢᠯᠡ᠃ ᠬᠠᠭᠠᠨ ᠶᠠᠭᠤ ᠬᠢᠬᠦ ᠪᠡᠨ ᠥᠪᠡᠷ ᠢ᠋ᠶ᠋ᠡᠨ ᠮᠡᠳᠡᠵᠦ ᠪᠠᠢᠭ᠎ᠠ ᠲᠤᠯᠠ ᠪᠢᠳᠡ ᠲᠡᠭᠦᠨ ᠦ᠌ ᠰᠢᠢᠳᠪᠦᠷᠢ ᠶ᠋ᠢ ᠳᠠᠭᠠᠬᠤ ᠨᠢ ᠵᠥᠪ》 ᠭᠡᠵᠦ ᠬᠡᠯᠡᠭᠰᠡᠨ ᠪᠠᠢᠨ᠎ᠠ ᠭᠡᠬᠦ ᠳ᠋ᠦ᠍ ᠥᠭᠡᠳᠡᠢ ᠬᠠᠭᠠᠨ ᠬᠢᠯᠢᠩ ᠬᠤᠷᠠᠭᠰᠠᠨ ᠨᠢᠳᠦᠨ ᠦ᠌ ᠬᠢᠨᠢ ᠬᠠᠷᠠᠴᠠ ᠠᠯᠭᠤᠷ ᠵᠥᠭᠡᠯᠡᠷᠡᠵᠦ《ᠡᠷᠲᠡᠨ ᠦ᠌ ᠰᠤᠳᠤᠷ ᠲᠤ ᠪᠡᠯᠭᠡ ᠢᠷᠦᠭᠡᠯ ᠦ᠋ᠨ ᠲᠤᠬᠠᠢ ᠥᠭᠦᠯᠡᠳᠡᠭ᠃ ᠡᠴᠢᠭᠡ ᠬᠠᠭᠠᠨ ᠮᠢᠨᠢ ᠮᠥᠩᠬᠡ ᠲᠩᠷᠢ ᠶ᠋ᠢᠨ ᠡᠯᠴᠢ ᠪᠠᠢᠵᠠᠢ ᠭᠡᠵᠦ ᠪᠣᠳᠣᠭᠳᠠᠬᠤ ᠪᠣᠯᠤᠯ᠎ᠠ᠃ ᠲᠡᠨᠳᠡ ᠡᠴᠡ ᠢᠷᠡᠭᠰᠡᠨ ᠡᠯᠴᠢᠰ ᠪᠡᠶ᠎ᠡ ᠪᠡᠶ᠎ᠡ ᠪᠡᠨ ᠲᠠᠨᠢᠭᠰᠠᠨ ᠬᠡᠷᠡᠭ ᠪᠢᠵᠡ᠂ ᠡᠴᠢᠭᠡ ᠮᠢᠨᠢ ᠰᠤᠷᠬᠠᠭᠲᠠᠨᠢ ᠶ᠋ᠢ ᠲᠡᠭᠡᠲᠡᠯ᠎ᠡ ᠴᠢᠬᠤᠯᠠᠴᠢᠯᠠᠨ ᠬᠠᠢᠷᠠᠯᠠᠵᠤ ᠪᠠᠢᠭᠰᠠᠨ ᠨᠢ ᠤᠴᠢᠷ ᠲᠠᠢ ᠪᠢᠵᠡ᠃ ᠥᠨᠥ ᠪᠢ ᠬᠠᠭᠠᠨ ᠡᠴᠢᠭᠡ ᠶ᠋ᠢᠨ ᠳᠠᠢᠳᠠᠢ ᠬᠣᠯᠠ ᠶ᠋ᠢ ᠬᠠᠷᠠᠵᠤ ᠬᠥᠮᠦᠨ ᠢ᠋ ᠲᠠᠨᠢᠬᠤ ᠬᠠᠷᠠᠬᠠᠨ ᠪᠣᠯᠤᠭ᠎ᠠ ᠦᠭᠡᠢ ᠪᠠᠢᠨ᠎ᠠ ᠳᠠ》 ᠭᠡᠵᠦ ᠪᠣᠳᠣᠬᠤ ᠵᠠᠭᠤᠷ᠎ᠠ᠄
    — ᠡᠰᠢ ᠬᠠᠲᠤᠨ ᠡᠢᠮᠦ ᠯᠡ ᠤᠬᠠᠭᠠᠨ ᠲᠠᠢ ᠤᠴᠢᠷ ᠬᠠᠭᠠᠨ ᠠᠪᠤ ᠶ᠋ᠢᠨ ᠳᠠᠷᠬᠠᠯᠠᠭᠳᠠᠭᠰᠠᠨ ᠪᠡᠷᠢ ᠪᠣᠯᠤᠭᠰᠠᠨ ᠪᠢᠵᠡ᠃ ᠰᠤᠷᠬᠠᠭᠲᠠᠨᠢ ᠶ᠋ᠢᠨ ᠤᠬᠠᠭᠠᠨ ᠵᠠᠷᠢᠮ ᠦᠶ᠎ᠡ ᠳ᠋ᠦ᠍ ᠡᠮ᠎ᠡ ᠬᠥᠮᠦᠨ ᠡᠴᠡ ᠬᠡᠲᠦᠢᠳᠬᠦ ᠶᠦᠮ᠃ ᠨᠠᠮᠠᠶ᠋ᠢ ᠲᠡᠭᠦᠨ ᠦ᠌ ᠥᠭᠡᠳᠡ ᠡᠴᠡ ᠶᠠᠮᠠᠷ ᠨᠢᠭᠡᠨ ᠵᠦᠢᠯ ᠢ᠋ ᠬᠢᠵᠦ ᠠᠷᠭ᠎ᠠ ᠤᠬᠠᠭᠠᠨ ᠳ᠋ᠠᠭᠠᠨ ᠣᠷᠣᠭᠤᠯᠬᠤ ᠭᠡᠬᠦ ᠳ᠋ᠦ᠍ ᠲᠡᠷᠡ ᠶᠡᠷᠦ ᠡᠴᠡ ᠮᠢᠨᠦ ᠤᠬᠠᠭᠠᠨ ᠳ᠋ᠤ᠌ ᠪᠠᠷᠢᠭᠳᠠᠬᠤ ᠦᠭᠡᠢ ᠶᠦᠮ᠃ ᠥᠨᠥ ᠬᠦᠷᠲᠡᠯ᠎ᠡ ᠠᠭᠤᠷᠠᠭ ᠢ᠋ ᠰᠠᠬᠢᠨ ᠰᠠᠭᠤᠭ᠎ᠠ ᠰᠤᠷᠬᠠᠭᠲᠠᠨᠢ ᠬᠠᠲᠤᠨ ᠢ᠋ ᠪᠢ ᠥᠪᠡᠷ ᠦ᠋ᠨ ᠳᠡᠷᠭᠡᠳᠡ ᠪᠠᠢᠯᠭᠠᠵᠤ ᠬᠠᠷᠠᠵᠤ᠂ ᠬᠠᠨᠳᠤᠬᠤ ᠡᠭᠦᠷᠭᠡ ᠲᠡᠢ ᠲᠤᠯᠠ ᠣᠳᠣ ᠠᠭᠤᠷᠠᠭ ᠠ᠋ᠴᠠ ᠨᠠᠭᠠᠰᠢ ᠳᠠᠷᠤᠢ ᠳᠠᠭᠤᠳᠠᠨ ᠢᠷᠡᠭᠦᠯ ᠭᠡᠮᠡᠨ ᠵᠠᠷᠯᠢᠭ ᠪᠠᠭᠤᠯᠭᠠᠪᠠ᠃
     ᠬᠠᠭᠠᠨ ᠡᠵᠡᠨ ᠦ᠌ ᠡᠨᠡ ᠵᠠᠷᠯᠢᠭ ᠲᠡᠷᠡ ᠳᠣᠣᠷ᠎ᠠ ᠪᠠᠨ ᠬᠡᠭᠡᠷ᠎ᠡ ᠶ᠋ᠢᠨ ᠰᠠᠯᠬᠢᠨ ᠠ᠋ᠴᠠ ᠴᠤ᠌ ᠬᠤᠷᠳᠤᠨ ᠶᠡᠬᠡ ᠠᠭᠤᠷᠠᠭ ᠲᠤ ᠨᠢᠰᠴᠦ ᠣᠴᠢᠵᠤ ᠠᠬᠤᠢ ᠳ᠋ᠤ᠌ ᠰᠤᠷᠬᠠᠭᠲᠠᠨᠢ ᠬᠠᠲᠤᠨ᠂ ᠬᠠᠭᠠᠨ ᠤ᠋ ᠠᠢᠯᠠᠳᠪᠤᠷᠢ ᠶ᠋ᠢ ᠰᠣᠨᠣᠰᠴᠤ ᠰᠠᠭᠤᠯ᠎ᠠ᠃ ᠥᠭᠡᠳᠡᠢ ᠬᠠᠭᠠᠨ ᠬᠠᠷᠠᠬᠣᠷᠣᠮ ᠳ᠋ᠤ᠌ ᠳᠠᠭᠤᠳᠠᠭᠤᠯᠤᠭᠰᠠᠨ ᠪᠣᠯᠤᠨ ᠰᠡᠭᠦᠯ ᠦ᠋ᠨ ᠦᠶ᠎ᠡ ᠳ᠋ᠦ᠍ ᠬᠠᠭᠠᠨ ᠡᠵᠡᠨ ᠪᠣᠷᠣ ᠳᠡᠷᠡᠰᠦᠨ ᠳ᠋ᠦ᠍ ᠳᠤᠷᠠᠯᠠᠬᠤ ᠪᠣᠯᠤᠭᠰᠠᠨ ᠮᠡᠳᠡᠭᠡ ᠶ᠋ᠢ ᠬᠦᠯᠢᠶᠡᠨ ᠠᠪᠤᠪᠠ᠃ ᠲᠡᠭᠦᠨ ᠦ᠌ ᠡᠷᠭᠢᠨ ᠲᠣᠭᠣᠷᠢᠨ ᠳ᠋ᠤ᠌ ᠪᠠᠢᠭ᠎ᠠ ᠬᠥᠮᠦᠰ᠂ ᠬᠠᠨ ᠬᠥᠪᠡᠭᠦᠳ ᠡᠬᠡ ᠶ᠋ᠢᠨ ᠢ᠋ᠶ᠋ᠡᠨ ᠵᠠᠩ ᠢ᠋ ᠮᠡᠳᠡᠬᠦ ᠲᠤᠯᠠ ᠥᠨᠥ ᠬᠦᠷᠲᠡᠯ᠎ᠡ ᠬᠠᠢᠷᠠᠯᠠᠨ ᠰᠠᠬᠢᠵᠤ ᠢᠷᠡᠭᠰᠡᠨ ᠶᠡᠬᠡ ᠠᠭᠤᠷᠠᠭ ᠠ᠋ᠴᠠ ᠪᠠᠨ ᠶᠠᠪᠤᠬᠤ ᠦᠭᠡᠢ ᠭᠡᠮᠡᠨ ᠡᠷᠡᠰ ᠰᠢᠢᠳᠪᠦᠷᠢ ᠲᠡᠢ ᠬᠡᠯᠡᠨ᠎ᠡ ᠪᠢᠵᠡ ᠭᠡᠮᠡᠨ ᠪᠣᠳᠣᠵᠤ ᠪᠠᠢᠪᠠ᠃ ᠰᠤᠷᠬᠠᠭᠲᠠᠨᠢ ᠲᠡᠷᠡ ᠦᠶ᠎ᠡ ᠳ᠋ᠡᠭᠡᠨ ᠶᠠᠮᠠᠷ ᠨᠢᠭᠡ ᠬᠠᠷᠢᠭᠤ ᠬᠡᠯᠡᠭᠰᠡᠨ ᠦᠭᠡᠢ᠂ ᠲᠡᠭᠡᠰᠬᠢᠭᠡᠳ ᠢᠷᠡᠭᠰᠡᠨ ᠬᠥᠮᠦᠰ ᠢ᠋ ᠪᠤᠴᠠᠭᠠᠯ᠎ᠠ᠃ ᠶᠠᠮᠠᠷ ᠴᠤ᠌ ᠬᠠᠷᠢᠭᠤ ᠠᠪᠤᠯ ᠦᠭᠡᠢ ᠪᠤᠴᠠᠭᠰᠠᠨ ᠬᠥᠮᠦᠰ ᠠᠯᠭᠤᠷᠯᠠᠭᠰᠠᠭᠠᠷ ᠵᠠᠮ ᠳ᠋ᠠᠭᠠᠨ ᠭᠠᠷᠤᠭᠰᠠᠨ ᠬᠣᠢᠨ᠎ᠠ ᠰᠤᠷᠬᠠᠭᠲᠠᠨᠢ ᠬᠠᠲᠤᠨ ᠶᠣᠰᠣᠯᠠᠯ ᠤ᠋ᠨ ᠬᠤᠪᠴᠠᠰᠤ ᠪᠠᠨ ᠡᠮᠦᠰᠦᠨ ᠪᠤᠷᠬᠠᠨ ᠬᠠᠯᠳᠤᠨ ᠤ᠋ ᠵᠦᠭ ᠲᠦ᠍ ᠳᠠᠪᠬᠢᠨ ᠣᠳᠪᠠ᠃
      ᠳᠠᠩᠴᠤ ᠶᠡᠬᠡ ᠲᠡᠦᠬᠡ ᠶ᠋ᠢ ᠥᠭᠦᠯᠡᠬᠦ ᠬᠢᠷᠢᠨ᠎ᠡ ᠥᠨᠥ ᠴᠤ᠌ ᠴᠢᠮᠡᠭᠡ ᠠᠨᠢᠷ ᠦᠭᠡᠢ ᠲᠦᠩᠰᠦᠢᠨ ᠪᠠᠢᠬᠤ ᠲᠠᠯ᠎ᠠ ᠨᠤᠲᠤᠭ ᠢ᠋ᠶ᠋ᠠᠷ ᠢ᠋ᠶ᠋ᠠᠨ ᠮᠣᠷᠢᠨ ᠳᠡᠯ ᠳᠡᠭᠡᠷ᠎ᠡ ᠳᠠᠪᠬᠢᠨ ᠶᠠᠪᠤᠨ᠎ᠠ᠃ ᠪᠤᠷᠬᠠᠳ ᠴᠤᠭᠯᠠᠭᠰᠠᠨ ᠠᠪᠤᠷᠠᠯ ᠤ᠋ᠨ ᠣᠷᠣᠨ ᠭᠡᠯᠲᠡᠢ ᠡᠨᠡ ᠭᠠᠵᠠᠷ ᠰᠤᠷᠬᠠᠭᠲᠠᠨᠢ ᠶ᠋ᠢᠨ ᠠᠮᠢᠳᠤᠷᠠᠯ ᠤ᠋ᠨ ᠰᠠᠯᠤᠰᠢ ᠦᠭᠡᠢ ᠨᠢᠭᠡᠨ ᠬᠡᠰᠡᠭ ᠥᠩᠭᠡᠷᠡᠵᠦ ᠣᠳᠤᠭᠰᠠᠨ ᠲᠡᠷᠲᠡᠭᠡᠬᠢ ᠡᠳᠦᠷ ᠦ᠋ᠳ ᠦ᠋ᠨ ᠦᠢ ᠣᠯᠠᠨ ᠳᠤᠷᠠᠰᠤᠮᠵᠢ᠂ ᠮᠠᠷᠭᠠᠰᠢ ᠮᠡᠨᠳᠦᠯᠡᠬᠦ ᠢᠷᠡᠭᠡᠳᠦᠢ ᠬᠣᠢᠴᠢ ᠶ᠋ᠢ ᠨᠢ ᠲᠣᠰᠣᠨ ᠠᠪᠬᠤ ᠥᠯᠥᠭᠡᠢ ᠨᠤᠲᠤᠭ᠂ ᠰᠤᠷᠬᠠᠭᠲᠠᠨᠢ ᠡᠨᠡ ᠨᠤᠲᠤᠭ ᠲᠠᠭᠠᠨ ᠰᠠᠯᠤᠰᠢ ᠦᠭᠡᠢ ᠬᠣᠯᠪᠣᠭ᠎ᠠ ᠲᠠᠢ ᠪᠣᠯᠵᠠᠢ᠃ ᠡᠨᠡ ᠭᠠᠵᠠᠷ ᠲᠡᠭᠦᠨ ᠳ᠋ᠦ᠍ ᠶᠡᠬᠡ ᠠᠪᠤᠷᠠᠯ᠂ ᠳᠡᠩᠳᠡᠭᠦᠦ ᠰᠠᠢᠬᠠᠨ ᠠᠮᠢᠳᠤᠷᠠᠯ᠂ ᠠᠵᠠ ᠵᠠᠪᠰᠢᠶᠠᠨ᠂ ᠭᠡᠲᠦᠯᠵᠦ ᠪᠠᠷᠠᠮ᠎ᠠ ᠦᠭᠡᠢ ᠣᠢ ᠭᠤᠨᠢᠭ ᠠᠯᠢ ᠠᠯᠢ ᠶ᠋ᠢ ᠨᠢ ᠠᠪᠴᠤ ᠢᠷᠡᠭᠰᠡᠨ᠂ ᠣᠳᠣ ᠲᠡᠷᠡ ᠥᠪᠡᠷ ᠦ᠋ᠨ ᠰᠡᠳᠬᠢᠯ ᠢ᠋ ᠥᠭᠡᠯᠦᠨ ᠡᠬᠡ ᠶ᠋ᠢᠨ ᠬᠡᠯᠡᠭᠰᠡᠨ ᠰᠢᠭ ᠲᠠᠯ᠎ᠠ ᠨᠤᠲᠤᠭ ᠠ᠋ᠴᠠ ᠢᠯᠡᠬᠡᠨ ᠬᠠᠷᠠᠵᠤ ᠪᠠᠢᠨ᠎ᠠ᠃ ᠡᠨᠡ ᠯᠡ ᠲᠠᠯ᠎ᠠ ᠨᠤᠲᠤᠭ ᠲᠤ ᠮᠥᠩᠬᠡ ᠲᠩᠷᠢ ᠶ᠋ᠢᠨ ᠳᠣᠣᠷ᠎ᠠ᠂ ᠬᠥᠷᠥᠰᠥᠲᠦ ᠭᠠᠵᠠᠷ ᠤ᠋ᠨ ᠳᠤᠮᠳᠠ ᠬᠠᠢᠷᠠᠲᠠᠢ ᠪᠠᠢᠭᠰᠠᠨ ᠬᠥᠮᠦᠰ ᠨᠢ ᠡᠭᠦᠷᠢᠳᠡ ᠶ᠋ᠢᠨ ᠨᠣᠢᠷ ᠢ᠋ᠶ᠋ᠠᠷ ᠨᠣᠢᠷᠰᠤᠵᠤ ᠪᠣᠢ᠃ ᠰᠤᠷᠬᠠᠭᠲᠠᠨᠢ ᠳᠠᠪᠬᠢᠭᠰᠠᠭᠠᠷ ᠪᠤᠷᠬᠠᠨ ᠬᠠᠯᠳᠤᠨ ᠤ᠋ ᠪᠠᠷ᠎ᠠ ᠠᠯᠤᠰ ᠠ᠋ᠴᠠ ᠬᠠᠷᠠᠭᠳᠠᠬᠤ ᠳ᠋ᠤ᠌ ᠰᠠᠯᠬᠢ ᠵᠦᠰᠦᠨ ᠳᠠᠪᠬᠢᠬᠤ ᠮᠣᠷᠢᠨ ᠤ᠋ ᠪᠠᠨ ᠠᠮᠠ ᠶ᠋ᠢ ᠲᠡᠳᠡᠨ ᠬᠡᠰᠡᠭ ᠵᠠᠭᠤᠷ᠎ᠠ ᠱᠣᠭᠰᠢᠯ᠎ᠠ᠃ ᠡᠨᠡ ᠡᠯᠴᠢᠯ ᠦᠭᠡᠢ ᠡᠭᠡᠷᠡᠮ᠎ᠡ ᠲᠠᠯ᠎ᠠ ᠲᠡᠭᠦᠨ ᠦ᠌ ᠪᠠᠶᠠᠷ ᠢ᠋ ᠴᠤ᠌ ᠲᠡᠷᠡ᠂ ᠭᠤᠨᠢᠭ ᠢ᠋ ᠴᠤ᠌ ᠲᠡᠷᠡ ᠠᠯᠠᠭ᠎ᠠ ᠪᠠᠨ ᠲᠣᠰᠣᠨ ᠬᠦᠯᠢᠶᠡᠵᠦ ᠪᠠᠢᠳᠠᠭ ᠡᠬᠡ ᠶ᠋ᠢᠨ ᠰᠡᠳᠬᠢᠯ ᠰᠢᠭ᠂ ᠦᠭᠡ ᠡᠰᠡ ᠬᠡᠯᠡᠬᠦ ᠬᠢᠷᠢᠨ᠎ᠡ ᠦᠷᠭᠦᠯᠵᠢᠳᠡ ᠨᠢᠭᠡ ᠯᠡ ᠶᠠᠩᠵᠤ ᠪᠠᠷ ᠢ᠋ᠶ᠋ᠠᠨ ᠲᠣᠰᠣᠨ ᠪᠠᠢᠳᠠᠭ᠃ 
    ᠰᠤᠷᠬᠠᠭᠲᠠᠨᠢ ᠤᠷᠢᠳ ᠡᠮᠦᠨ᠎ᠡ ᠪᠤᠷᠬᠠᠨ ᠬᠠᠯᠳᠤᠨ ᠳ᠋ᠤ᠌ ᠣᠯᠠᠨ ᠤᠳᠠᠭ᠎ᠠ ᠢᠷᠡᠵᠦ ᠮᠥᠷᠭᠥᠨ ᠵᠠᠯᠪᠠᠷᠢᠵᠤ᠂ ᠭᠤᠶᠤᠨ ᠰᠦᠰᠦᠭᠯᠡᠵᠦ ᠪᠠᠢᠭᠰᠠᠨ᠃ ᠡᠨᠡ ᠭᠠᠵᠠᠷ ᠲᠡᠭᠦᠨ ᠦ᠌ ᠬᠦᠰᠡᠯ ᠢ᠋ ᠢᠮᠠᠭᠲᠠ ᠳᠤᠭᠤᠯᠭᠠᠪᠤᠷᠢᠲᠠᠢ ᠰᠣᠨᠣᠰᠤᠨ ᠪᠡᠶᠡᠯᠡᠭᠦᠯᠦᠭᠰᠡᠭᠡᠷ ᠢᠷᠡᠭᠰᠡᠨ᠃ ᠰᠤᠷᠬᠠᠭᠲᠠᠨᠢ ᠶ᠋ᠢ ᠡᠰᠢ ᠬᠠᠲᠤᠨ ᠡᠷᠭᠦᠮᠵᠢᠯᠡᠭᠰᠡᠨ ᠲᠡᠷᠡ ᠡᠳᠦᠷ ᠦ᠋ᠨ ᠳᠠᠷᠠᠭᠠᠬᠠᠨ ᠶᠡᠬᠡ ᠡᠵᠡᠨ ᠴᠢᠩᠭᠢᠰ ᠬᠠᠭᠠᠨ᠂ ᠡᠷ᠎ᠡ ᠨᠥᠬᠥᠷ ᠲᠤᠯᠤᠢ ᠨᠠᠷ ᠢ᠋ ᠨᠢ ᠨᠢᠭᠡᠨ ᠵᠡᠷᠭᠡ ᠡᠪᠡᠳᠴᠢᠨ ᠡᠭᠡᠷᠡᠵᠦ᠂ ᠠᠯᠢ ᠨᠢᠭᠡᠨ ᠦ᠌ ᠬᠢᠨᠢ ᠠᠮᠢ ᠶ᠋ᠢ ᠲᠠᠰᠤᠳᠠᠨ ᠣᠳᠬᠤ ᠭᠡᠵᠦ ᠪᠣᠢ ᠠᠢᠳᠠᠰᠲᠤ ᠲᠡᠷᠡ ᠡᠳᠦᠷ ᠡᠨᠡ ᠬᠠᠲᠤᠨ ᠪᠤᠷᠬᠠᠨ ᠬᠠᠯᠳᠤᠨ ᠳ᠋ᠤ᠌ ᠵᠠᠯᠪᠠᠷᠢᠵᠤ ᠭᠤᠶᠤᠭᠰᠠᠨ ᠶᠣᠰᠣᠭᠠᠷ ᠪᠣᠯᠵᠤ᠂ ᠲᠡᠷᠡ ᠦᠶ᠎ᠡ ᠳ᠋ᠦ᠍ ᠲᠠᠯ᠎ᠠ ᠨᠤᠲᠤᠭ ᠡᠨᠡ ᠬᠠᠲᠤᠨ ᠤ᠋ ᠠᠭᠤᠤ ᠠᠭᠤᠵᠢᠮ ᠤᠬᠠᠭᠠᠨ ᠢ᠋ ᠣᠢᠯᠠᠭᠠᠬᠤ ᠶ᠋ᠢᠨ ᠳᠡᠭᠡᠳᠦ ᠪᠡᠷ ᠣᠢᠯᠠᠭᠠᠭᠰᠠᠨ ᠲᠤᠯᠠ ᠬᠠᠢᠷᠠᠲᠠᠢ ᠬᠣᠶᠠᠷ ᠬᠥᠮᠦᠨ ᠢ᠋ ᠨᠢ ᠬᠣᠶᠠᠭᠤᠯᠠ ᠶ᠋ᠢ ᠨᠢ ᠡᠰᠡᠨ ᠮᠡᠨᠳᠦ ᠦᠯᠡᠳᠡᠭᠡᠭᠰᠡᠨ ᠪᠠᠢᠵᠤ ᠪᠣᠯᠬᠤ ᠶᠤᠮ᠃ ᠲᠡᠷᠡ ᠪᠤᠷᠬᠠᠨ ᠬᠠᠯᠳᠤᠨ ᠠ᠋ᠴᠠ ᠶᠠᠭᠤ ᠶ᠋ᠢ ᠭᠤᠶᠤᠬᠤ ᠪᠠᠷ ᠢᠩᠭᠢᠵᠦ ᠮᠣᠷᠢᠨ ᠤ᠋ ᠬᠤᠷᠳᠤ ᠪᠠᠷ ᠳᠠᠪᠬᠢᠨ ᠢᠷᠡᠪᠡ᠃ ᠰᠤᠷᠬᠠᠭᠲᠠᠨᠢ ᠮᠣᠷᠢᠨ ᠠ᠋ᠴᠠ ᠪᠠᠨ ᠪᠠᠭᠤᠵᠤ ᠴᠤᠯᠪᠤᠭᠤᠷ ᠢ᠋ᠶ᠋ᠠᠨ ᠭᠠᠷ ᠲᠠᠭᠠᠨ ᠪᠠᠷᠢᠭᠰᠠᠭᠠᠷ ᠠᠯᠬᠤᠨ᠎ᠠ᠃ ᠲᠡᠷᠡ ᠪᠡᠷ ᠠᠯᠤᠰ ᠲᠤ ᠬᠠᠷᠠᠭᠳᠠᠬᠤ ᠪᠤᠷᠬᠠᠨ ᠬᠠᠯᠳᠤᠨ ᠤ᠋ ᠵᠦᠭ ᠬᠣᠷᠮᠣᠢ ᠪᠠᠨ ᠳᠡᠪᠢᠰᠦᠨ ᠭᠠᠵᠠᠷ ᠲᠤ ᠰᠥᠭᠥᠳᠦᠨ ᠰᠠᠭᠤᠯ᠎ᠠ᠃ ᠬᠣᠷᠧᠽᠮ ᠤᠷᠤᠭᠤ ᠳᠠᠢᠳᠤᠬᠤ ᠶ᠋ᠢᠨ ᠡᠮᠦᠨ᠎ᠡ ᠲᠡᠷᠡ ᠡᠳᠦᠷ ᠶᠡᠬᠡ ᠴᠢᠩᠭᠢᠰ ᠬᠠᠭᠠᠨ ᠡᠨᠡ ᠠᠭᠤᠯᠠᠨ ᠳ᠋ᠤ᠌ ᠢᠷᠡᠵᠦ᠂ ᠳᠡᠭᠡᠷ᠎ᠡ ᠬᠥᠬᠡᠷᠡᠭᠴᠢ ᠶᠡᠬᠡ ᠲᠩᠷᠢ ᠲᠡᠢ ᠶᠠᠷᠢᠵᠤ᠂ ᠭᠤᠷᠪᠠᠨ ᠡᠳᠦᠷ ᠭᠤᠷᠪᠠᠨ ᠰᠥᠨᠢ ᠪᠢᠰᠢᠯᠭᠠᠨ ᠪᠠᠢᠭᠰᠠᠨ ᠭᠡᠳᠡᠭ᠃ ᠲᠡᠭᠦᠨ ᠦ᠌ ᠬᠠᠨ ᠬᠥᠪᠡᠭᠦᠳ ᠡᠴᠡ ᠰᠤᠷᠬᠠᠭᠲᠠᠨᠢ ᠶ᠋ᠢᠨ ᠲᠩᠷᠢ ᠪᠣᠯᠤᠭᠰᠠᠨ ᠲᠤᠯᠤᠢ ᠯᠠ ᠵᠥᠪᠬᠡᠨ ᠡᠴᠢᠭᠡ ᠶ᠋ᠢᠨ ᠢ᠋ᠶ᠋ᠡᠨ ᠡᠨᠡ ᠵᠠᠯᠪᠠᠷᠢᠯ ᠢ᠋ ᠦᠷᠭᠦᠯᠵᠢᠯᠡᠭᠦᠯᠦᠨ᠂ ᠠᠶᠠᠨ ᠲᠡᠢᠨ ᠳ᠋ᠦ᠍ ᠶᠠᠪᠤᠬᠤ ᠪᠦᠷᠢ ᠳ᠋ᠡᠭᠡᠨ ᠪᠤᠷᠬᠠᠨ ᠬᠠᠯᠳᠤᠨ ᠤ᠋ ᠵᠦᠭ ᠣᠳᠳᠠᠭ ᠪᠠᠢᠭᠰᠠᠨ ᠪᠢᠯᠡ᠃
    ᠲᠩᠷᠢ ᠠᠭᠤᠯᠠ ᠶ᠋ᠢᠨ ᠪᠠᠯ ᠳ᠋ᠤ᠌ ᠬᠣᠷᠮᠣᠢ ᠪᠠᠨ ᠳᠡᠪᠢᠰᠦᠨ ᠰᠠᠭᠤᠭᠰᠠᠨ ᠰᠤᠷᠬᠠᠭᠲᠠᠨᠢ ᠪᠤᠷᠬᠠᠨ ᠬᠠᠯᠳᠤᠨ ᠤ᠋ ᠵᠦᠭ ᠬᠠᠷᠠᠨ ᠤᠳᠠᠭᠠᠨ ᠰᠠᠭᠤᠯ᠎ᠠ᠃ ᠳᠡᠭᠡᠷ᠎ᠡ ᠬᠥᠬᠡᠷᠡᠭᠴᠢ ᠮᠥᠩᠬᠡ ᠬᠥᠬᠡ ᠲᠩᠷᠢ ᠲᠡᠭᠦᠨ ᠢ᠋ ᠲᠣᠩᠭᠣᠢᠨ ᠰᠣᠨᠣᠰᠴᠤ ᠪᠠᠢᠬᠤ ᠰᠢᠭ᠋ ᠬᠡᠰᠡᠭ ᠪᠠᠷᠠᠭᠠᠨ ᠡᠭᠦᠯᠡᠰ ᠪᠤᠷᠬᠠᠨ ᠬᠠᠯᠳᠤᠨ ᠤ᠋ ᠴᠢᠩᠬ᠎ᠠ ᠳᠡᠭᠡᠷ᠎ᠡ ᠨᠡᠭᠦᠭᠡᠯᠲᠦᠨ ᠪᠠᠢᠯ᠎ᠠ᠃ ᠲᠡᠷᠡ ᠨᠢᠭᠡᠨ ᠡᠳᠦᠷ ᠬᠦᠦ ᠮᠥᠩᠬᠡ ᠨᠢ ᠡᠬᠡ ᠡᠴᠡ ᠪᠡᠨ《ᠲᠩᠷᠢ ᠶᠠᠷᠢᠳᠠᠭ ᠤᠤ》 ᠭᠡᠵᠦ ᠠᠰᠠᠭᠤᠵᠤ ᠪᠠᠢᠭᠰᠠᠨ ᠢ᠋ ᠲᠣᠳᠣᠬᠠᠨ ᠰᠠᠨᠠᠵᠤ ᠪᠠᠢᠯ᠎ᠠ᠃ ᠲᠩᠷᠢ ᠶᠠᠷᠢᠳᠠᠭ ᠪᠢᠯᠡ᠂ ᠲᠡᠷᠡ ᠥᠪᠡᠷ ᠢ᠋ ᠨᠢ ᠬᠦᠨᠳᠦᠳᠬᠡᠨ ᠬᠠᠷᠢᠴᠠᠭᠰᠠᠨ ᠬᠡᠨ ᠲᠡᠢ ᠴᠤ᠌ ᠪᠣᠯᠪᠠ᠂ ᠬᠥᠮᠦᠨ ᠦ᠌ ᠬᠡᠯᠡ ᠪᠡᠷ ᠪᠢᠰᠢ᠂ ᠣᠶᠤᠨ ᠪᠣᠳᠣᠯ ᠢ᠋ᠶ᠋ᠠᠷ ᠨᠢ ᠶᠠᠷᠢᠯᠴᠠᠳᠠᠭ᠃ ᠡᠪᠦᠷ ᠳᠡᠭᠡᠷ᠎ᠡ ᠪᠡᠨ ᠡᠷᠬᠡᠯᠡᠭᠦᠯᠦᠨ ᠥᠰᠬᠡᠭᠰᠡᠨ ᠬᠠᠢᠷᠠᠲᠠᠢ ᠡᠴᠢᠭᠡ ᠨᠢ ᠲᠩᠷᠢ ᠳ᠋ᠦ᠍ ᠣᠳᠴᠤ᠂ ᠥᠮᠥᠭ ᠲᠦᠰᠢᠭ ᠪᠣᠯᠤᠭᠰᠠᠨ ᠡᠷ᠎ᠡ ᠨᠥᠬᠥᠷ᠂ ᠡᠵᠡᠨ ᠬᠠᠭᠠᠨ ᠴᠤ᠌ ᠲᠡᠳᠡᠨ ᠲᠡᠢ ᠬᠠᠮᠲᠤ ᠪᠠᠢᠭ᠎ᠠ ᠲᠤᠯᠠ ᠣᠳᠣ ᠰᠤᠷᠬᠠᠭᠲᠠᠨᠢ ᠳ᠋ᠤ᠌ ᠦᠨᠡᠨ ᠳ᠋ᠡᠭᠡᠨ ᠤᠴᠢᠷᠯᠠᠨ ᠬᠡᠯᠡᠬᠦ ᠶᠠᠷᠢᠨ ᠵᠥᠪᠯᠡᠬᠦ ᠬᠥᠮᠦᠨ ᠦᠭᠡᠢ ᠪᠣᠯᠵᠠᠢ᠃ ᠬᠠᠲᠤᠨ ᠤ᠋ ᠪᠣᠳᠣᠯ ᠬᠦᠪᠦᠷᠡᠭᠰᠡᠭᠡᠷ᠁
       《ᠶᠡᠬᠡ ᠡᠵᠡᠨ ᠵᠠᠯᠠᠭᠤ ᠨᠠᠰᠤᠨ ᠳ᠋ᠠᠭᠠᠨ ᠪᠥᠷᠲᠡ ᠬᠠᠲᠤᠨ ᠢ᠋ᠶ᠋ᠠᠨ ᠮᠡᠷᠭᠢᠳ ᠲᠦ᠍ ᠠᠯᠳᠠᠴᠢᠬᠠᠭᠠᠳ ᠬᠡᠳᠦᠨ ᠰᠠᠷ᠎ᠠ ᠶ᠋ᠢᠨ ᠣᠢᠲᠤ ᠡᠳᠦᠷ ᠢ᠋ ᠭᠡᠲᠦᠯᠭᠡᠨ ᠪᠠᠢᠵᠤ᠂ ᠠᠨᠳᠠ ᠪᠣᠯᠤᠭᠰᠠᠨ ᠵᠠᠮᠤᠬ᠎ᠠ ᠲᠠᠢ ᠨᠡᠢᠯᠡᠵᠦ᠂ ᠮᠡᠷᠭᠢᠳ ᠢ᠋ ᠳᠠᠷᠤᠨ ᠪᠠᠭᠤᠯᠭᠠᠬᠤ ᠦᠶ᠎ᠡ ᠳ᠋ᠦ᠍ ᠳᠠᠪᠬᠤᠷ ᠪᠡᠶ᠎ᠡ ᠲᠡᠢ ᠪᠣᠯᠤᠭᠰᠠᠨ ᠪᠥᠷᠲᠡ ᠬᠠᠲᠤᠨ ᠢ᠋ᠶ᠋ᠠᠨ ᠣᠯᠵᠤ ᠬᠠᠷᠠᠵᠤ ᠪᠠᠢᠭᠰᠠᠨ᠃ ᠬᠡᠳᠦᠢ ᠲᠡᠢᠮᠦ ᠴᠤ᠌ ᠲᠡᠮᠦᠵᠢᠨ ᠥᠪᠡᠷ ᠦ᠋ᠨ ᠬᠠᠲᠤᠨ ᠢ᠋ᠶ᠋ᠠᠨ ᠠᠪᠴᠤ᠂ ᠮᠡᠷᠭᠢᠳ ᠦ᠋ᠨ ᠪᠤᠰᠤᠳ ᠡᠳ᠋ ᠪᠠᠶᠠᠯᠢᠭ ᠠ᠋ᠴᠠ ᠥᠴᠦᠬᠡᠨ ᠲᠡᠳᠦᠢ ᠶ᠋ᠢ ᠠᠪᠤᠯ ᠦᠭᠡᠢ ᠵᠠᠮᠤᠬ᠎ᠠ ᠶ᠋ᠢᠨ ᠬᠥᠮᠦᠰ ᠲᠦ᠍ ᠦᠯᠡᠳᠡᠭᠡᠭᠡᠳ ᠶᠠᠪᠤᠭᠰᠠᠨ ᠭᠡᠳᠡᠭ᠃ ᠦᠨᠡᠨ ᠳ᠋ᠡᠭᠡᠨ ᠡᠳ᠋ ᠪᠠᠶᠠᠯᠢᠭ ᠭᠡᠵᠦ ᠶᠠᠭᠤ ᠰᠠᠨ ᠪᠢᠯᠡ᠃ ᠨᠢᠭᠡᠨ ᠴᠠᠭ ᠲᠤ ᠠᠯᠠᠭᠠᠨ ᠳᠡᠭᠡᠷ᠎ᠡ ᠪᠣᠢ ᠪᠣᠯᠵᠤ᠂ ᠨᠥᠭᠦᠭᠡ ᠴᠠᠭ ᠲᠤ ᠠᠯᠠᠭ᠎ᠠ ᠤᠷᠪᠠᠭᠤᠯᠬᠤ ᠶ᠋ᠢᠨ ᠲᠡᠢᠲᠡᠢ ᠦᠭᠡᠢ ᠪᠣᠯᠬᠤ ᠬᠠᠭᠤᠷᠮᠠᠭ ᠠ᠋ᠴᠠ ᠬᠠᠭᠤᠷᠮᠠᠭ ᠲᠡᠷᠡ ᠵᠦᠢᠯ ᠦ᠋ᠨ ᠲᠥᠯᠥᠭᠡ ᠰᠢᠨᠤᠨ ᠶᠠᠪᠤᠬᠤ ᠰᠡᠳᠬᠢᠯᠲᠡᠨ ᠦ᠌ ᠡᠨᠡ ᠬᠣᠷᠸ᠎ᠠ ᠳ᠋ᠤ᠌ ᠢᠷᠡᠭᠰᠡᠨ ᠠᠮᠢᠳᠤᠷᠠᠯ ᠤ᠋ᠨ ᠵᠣᠷᠢᠯᠭ᠎ᠠ ᠥᠴᠦᠬᠡᠨ ᠪᠢᠯᠡ᠃ ᠴᠠᠭ ᠢᠷᠡᠬᠦ ᠲᠣᠰᠤᠮ ᠥᠰᠴᠦ ᠲᠣᠮᠣ ᠪᠣᠯᠵᠤ ᠪᠠᠢᠭ᠎ᠠ ᠦᠷ᠎ᠡ ᠬᠡᠦᠬᠡᠳ ᠦ᠋ᠳ ᠢ᠋ᠶ᠋ᠡᠨ ᠡᠷ᠎ᠡ ᠨᠥᠬᠥᠷ ᠮᠢᠨᠢ ᠲᠩᠷᠢ ᠡᠴᠡ ᠬᠠᠷᠠᠵᠤ ᠰᠠᠭᠤᠭ᠎ᠠ᠃ ᠲᠡᠳᠡᠨ ᠦ᠌ ᠬᠡᠨ ᠪᠣᠯᠤᠨ ᠬᠡᠷᠬᠢᠨ ᠥᠰᠬᠦ ᠶ᠋ᠢ ᠬᠦᠯᠢᠶᠡᠵᠦ ᠪᠠᠢᠭ᠎ᠠ ᠪᠢᠵᠡ᠃ ᠮᠥᠩᠬᠡ ᠲᠩᠷᠢ ᠶ᠋ᠢᠨ ᠣᠷᠣᠨ ᠠ᠋ᠴᠠ ᠭᠠᠵᠠᠷ ᠲᠤ ᠪᠠᠭᠤᠵᠤ ᠢᠷᠡᠨ᠂ ᠦᠭᠡ ᠰᠤᠷᠭᠠᠯ ᠢ᠋ᠶ᠋ᠠᠨ ᠬᠠᠢᠷᠠᠯᠠᠵᠤ ᠴᠢᠳᠠᠬᠤ ᠦᠭᠡᠢ ᠬᠥᠭᠡᠷᠦᠬᠦᠢ ᠡᠷ᠎ᠡ ᠨᠥᠬᠥᠷ ᠮᠢᠨᠢ ᠥᠪᠡᠷ ᠦ᠋ᠨ ᠦᠷ᠎ᠡ ᠬᠡᠦᠬᠡᠳ ᠦ᠋ᠨ ᠢ᠋ᠶ᠋ᠡᠨ ᠲᠥᠯᠥᠭᠡ ᠶᠠᠭᠤ ᠬᠢᠬᠦ ᠪᠠᠢᠭᠰᠠᠨ ᠪᠣᠯ᠃ ᠲᠡᠭᠦᠨ ᠦ᠌ ᠬᠢᠬᠦ ᠶ᠋ᠢ ᠬᠦᠰᠡᠵᠦ ᠪᠠᠢᠭᠰᠠᠨ ᠪᠦᠬᠦᠨ ᠢ᠋ ᠣᠳᠣ ᠦᠷᠭᠦᠯᠵᠢᠯᠡᠭᠦᠯᠬᠦ ᠴᠠᠭ ᠪᠣᠯᠵᠠᠢ᠃ ᠲᠤᠯᠤᠢ ᠮᠢᠨᠢ ᠴᠢ ᠠᠮᠢᠳᠤ ᠰᠡᠷᠡᠭᠦᠨ ᠪᠠᠢᠭᠰᠠᠨ ᠪᠣᠯ ᠡᠷᠦᠬᠡ ᠭᠡᠷ ᠢ᠋ᠶ᠋ᠡᠨ ᠬᠡᠷᠬᠢᠨ ᠲᠡᠯᠡᠬᠦ ᠪᠠᠢᠭᠰᠠᠨ ᠪᠣᠢ? ᠲᠣᠢᠭᠲᠠᠨ ᠢ᠋ ᠰᠥᠬᠦᠷᠡᠭᠦᠯᠵᠦ᠂ ᠲᠣᠯᠣᠭᠠᠢᠲᠠᠨ ᠢ᠋ ᠪᠥᠬᠥᠢᠯᠭᠡᠬᠦ ᠡᠷ᠎ᠡ ᠵᠣᠷᠢᠭ᠂ ᠴᠢᠳᠠᠯ ᠬᠦᠴᠦ ᠶ᠋ᠢ ᠬᠥᠪᠡᠭᠦᠳ ᠲᠡᠭᠡᠨ ᠬᠡᠷᠬᠢᠨ ᠵᠢᠭᠠᠵᠤ ᠰᠤᠷᠭᠠᠬᠤ ᠪᠠᠢᠭᠰᠠᠨ ᠪᠣᠢ᠃ ᠡᠭᠡᠯ ᠠᠷᠠᠳ ᠤ᠋ᠨ ᠬᠡᠦᠬᠡᠳ ᠦ᠋ᠳ ᠪᠢᠰᠢ᠂ ᠡᠵᠡᠨ ᠬᠠᠭᠠᠨ ᠤ᠋ ᠠᠴᠢ ᠨᠠᠷ ᠤ᠋ᠨ ᠬᠤᠪᠢ ᠲᠠᠪᠢᠯᠠᠩ ᠣᠳᠣ ᠮᠢᠨᠦ ᠤᠬᠠᠭᠠᠨ ᠢ᠋ᠶ᠋ᠠᠷ ᠰᠢᠢᠳᠦᠭᠳᠡᠬᠦ ᠪᠤᠰᠤ ᠤᠤ? ᠲᠠᠯ᠎ᠠ ᠨᠤᠲᠤᠭ ᠤ᠋ᠨ ᠬᠥᠷᠥᠰᠥᠨ ᠳᠡᠭᠡᠷ᠎ᠡ ᠥᠪᠡᠷ ᠦ᠋ᠨ ᠨᠡᠷ᠎ᠡ ᠶ᠋ᠢ ᠲᠠᠮᠠᠭᠠᠯᠠᠨ ᠦᠯᠡᠳᠡᠭᠡᠬᠦ ᠤᠤ? ᠠᠯᠢ ᠡᠰᠡᠪᠡᠯ ᠮᠠᠷᠭᠠᠰᠢ ᠭᠡᠬᠦ ᠳ᠋ᠦ᠍ ᠶᠠᠭᠤ ᠴᠤ᠌ ᠪᠣᠯᠤᠭ᠎ᠠ ᠦᠭᠡᠢ ᠮᠡᠲᠦ ᠬᠤᠤᠭᠢᠨ ᠪᠠᠢᠳᠠᠭ ᠲᠠᠯ᠎ᠠ ᠶ᠋ᠢᠨ ᠰᠠᠯᠬᠢᠨ ᠳ᠋ᠤ᠌ ᠬᠠᠮᠬᠤᠤᠯ ᠠᠳᠠᠯᠢ ᠠᠷᠴᠢᠭᠳᠠᠬᠤ ᠤᠤ? ᠬᠠᠨᠢ ᠮᠢᠨᠢ ᠴᠢ ᠠᠮᠢᠳᠤ ᠰᠡᠷᠡᠭᠦᠨ ᠪᠠᠢᠭᠰᠠᠨ ᠪᠣᠯ ᠦᠷ᠎ᠡ ᠤᠳᠤᠮ ᠤ᠋ᠨ ᠢ᠋ᠶ᠋ᠠᠨ ᠲᠥᠯᠥᠭᠡ ᠶᠠᠭᠤ ᠬᠢᠵᠦ ᠪᠣᠯᠬᠤ ᠪᠠᠢᠭᠰᠠᠨ᠂ ᠲᠡᠷᠡ ᠪᠦᠭᠦᠳᠡ ᠶ᠋ᠢ ᠬᠢᠬᠦ ᠴᠠᠭ ᠢᠷᠡᠵᠡᠢ》 ᠭᠡᠮᠡᠨ ᠪᠣᠳᠣᠯ᠎ᠠ᠃
      ᠲᠡᠷᠲᠡᠭᠡ ᠠᠭᠤᠯᠠᠰ ᠤ᠋ᠨ ᠳᠡᠭᠡᠭᠦᠷ ᠮᠠᠨᠳᠤᠨ ᠭᠠᠷᠤᠭᠰᠠᠨ ᠨᠠᠷᠠᠨ ᠪᠠᠢᠭᠠᠯᠢ ᠳᠡᠯᠡᠬᠡᠢ ᠶ᠋ᠢ ᠥᠩᠭᠡ ᠦᠵᠡᠮᠵᠢ ᠳᠦᠭᠦᠷᠡᠩ ᠭᠡᠢᠭᠦᠯᠦᠭᠡᠳ ᠪᠠᠷᠠᠭᠤᠨ ᠠᠭᠤᠯᠠ ᠶ᠋ᠢᠨ ᠰᠤᠭᠤ ᠳ᠋ᠤ᠌ ᠣᠷᠣᠵᠤ ᠨᠢᠭᠤᠭᠳᠠᠬᠤ ᠬᠦᠷᠲᠡᠯ᠎ᠡ ᠰᠤᠷᠬᠠᠭᠲᠠᠨᠢ ᠪᠤᠷᠬᠠᠨ ᠬᠠᠯᠳᠤᠨ ᠲᠣᠳᠣᠬᠠᠨ ᠬᠠᠷᠠᠭᠳᠠᠬᠤ ᠡᠩᠭᠡᠷ ᠪᠠᠯ ᠳ᠋ᠤ᠌ ᠬᠣᠷᠮᠣᠢ ᠳᠡᠪᠢᠰᠦᠨ ᠰᠠᠭᠤᠭᠰᠠᠭᠠᠷ᠃ ᠲᠡᠷᠡ ᠨᠢᠭᠡᠨ ᠡᠳᠦᠷ ᠮᠥᠩᠬᠡ ᠬᠦᠦ ᠳ᠋ᠡᠭᠡᠨ ᠬᠡᠯᠡᠵᠦ ᠪᠠᠢᠭᠰᠠᠨᠴᠢᠯᠠᠨ ᠲᠩᠷᠢ ᠲᠡᠢ ᠣᠶᠤᠨ ᠪᠣᠳᠣᠯ ᠢ᠋ᠶ᠋ᠠᠷ ᠢ᠋ᠶ᠋ᠠᠨ ᠶᠠᠷᠢᠯᠴᠠᠭᠰᠠᠨ ᠪᠠᠢᠪᠠ᠃
        ᠪᠣᠳᠣᠯ ᠪᠣᠯᠤᠨ ᠰᠠᠭᠤᠭᠰᠠᠨ ᠰᠤᠷᠬᠠᠭᠲᠠᠨᠢ ᠰᠠᠶᠢ ᠠᠮᠠ ᠨᠡᠭᠡᠭᠡᠵᠦ ᠲᠠᠩᠭᠠᠷᠢᠭ ᠡᠷᠭᠦᠯ᠎ᠡ᠃
    —ᠡᠴᠢᠭᠡ ᠡᠬᠡ ᠶ᠋ᠢᠨ ᠠᠷᠢᠭᠤᠨ ᠭᠣᠯᠣᠮᠲᠠ᠂ ᠡᠵᠡᠨ ᠬᠠᠭᠠᠨ ᠤ᠋ ᠤᠷᠲᠤ ᠥᠷᠭᠥᠭᠡ᠂ ᠲᠠᠯ᠎ᠠ ᠨᠤᠲᠤᠭ ᠤ᠋ᠨ ᠵᠢᠷᠦᠬᠡᠨ ᠪᠣᠯᠤᠭᠰᠠᠨ ᠠᠭᠤᠷᠠᠭ ᠪᠣᠯ ᠮᠢᠨᠦ ᠰᠠᠬᠢᠨ ᠰᠠᠭᠤᠬᠤ ᠭᠠᠵᠠᠷ ᠮᠥᠨ ᠠ᠋ᠴᠠ ᠮᠥᠨ ᠪᠢᠯᠡ᠃ ᠲᠡᠶ᠋ᠢᠮᠦ ᠵᠢᠨ ᠲᠤᠯᠠ ᠠᠯᠲᠠᠨ ᠤᠷᠤᠭ ᠊ᠤᠨ ᠬᠢᠨ ᠨᠤᠲᠤᠭ  ᠲᠤ᠌ ᠬᠣᠯᠠᠳᠤᠨ ᠣᠳᠤᠭᠰᠠᠨ ᠴᠤ᠌ ᠠᠭᠤᠷᠠᠭ ᠊ᠢ ᠣᠷᠬᠢᠬᠤ ᠵᠢᠷᠦᠬᠡ ᠨᠠᠳᠠ  ᠳ᠋ᠤ᠌ ᠬᠦᠷᠦᠭᠡ ᠦᠭᠡᠢ ᠲᠤᠯᠠ ᠭᠠᠭᠴᠠᠭᠠᠷ ᠦᠯᠡᠳᠡᠭᠰᠡᠨ ᠬᠡᠷᠡᠭ᠃ ᠬᠠᠷᠢᠨ ᠣᠳᠣ ᠡᠭᠡᠯᠢ ᠳᠤᠯᠠᠭᠠᠨ ᠤᠷᠲᠤ ᠥᠷᠭᠥᠭᠡ  ᠪᠡᠨ ᠣᠷᠬᠢᠨ ᠶᠠᠪᠤᠬᠤ ᠭᠡᠵᠦ ᠪᠣᠢ ᠦᠨᠡᠨ ᠵᠢᠠᠨ ᠥᠴᠢᠶ᠎ᠡ᠃ ᠮᠥᠩᠬᠡ ᠲᠡᠭᠷᠢ ᠵᠢᠨ ᠳᠣᠣᠷ᠎ᠠ ᠦᠨᠡᠨ ᠵᠢᠡᠨ ᠥᠴᠢᠶ᠎ᠡ᠃ ᠬᠠᠭᠠᠨ ᠡᠵᠡᠨ ᠵᠠᠷᠯᠢᠭ ᠪᠣᠯᠭᠠᠨ ᠳᠠᠭᠤᠳᠠᠭᠤᠯᠤᠭᠰᠠᠨ ᠲᠤᠯᠠ ᠣᠴᠢᠬᠤ ᠦᠭᠡᠢ ᠪᠠᠶ᠋ᠢᠬᠤ ᠵᠢᠨ ᠠᠷᠭ᠎ᠠ ᠦᠭᠡᠢ ᠴᠦ᠍᠂ ᠬᠠᠲᠤᠨ ᠪᠢ ᠥᠪᠡᠷ ᠊ᠦᠨ ᠬᠦᠰᠡᠯ ᠵᠢᠠᠷ ᠦᠯᠡᠳᠡᠨ ᠠᠮᠤᠷᠯᠢᠵᠤ ᠪᠣᠯᠬᠤ ᠪᠢᠯᠡ᠃ ᠭᠡᠪᠡᠴᠦ ᠡᠳᠦᠷ ᠪᠦᠷᠢ ᠰᠠᠷᠬᠤᠳ  ᠲᠤ᠌ ᠬᠥᠯᠴᠥᠭᠦᠷᠡᠨ ᠰᠠᠭᠤᠬᠤ ᠬᠠᠭᠠᠨ ᠡᠵᠡᠨ ᠊ᠦ ᠶᠠᠪᠤᠳᠠᠯ  ᠳ᠋ᠤ᠌ ᠰᠡᠳᠬᠢᠯ ᠡᠪᠡᠳᠦᠨ ᠪᠣᠢ ᠲᠤᠯᠠ ᠮᠣᠩᠭᠣᠯ ᠲᠥᠷᠥ  ᠳ᠋ᠦ᠍ ᠮᠢᠨᠢ ᠬᠡᠷᠡᠭ ᠭᠠᠷᠴᠠᠢ ᠬᠡᠮᠡᠨ ᠤᠬᠠᠯ᠎ᠠ᠃ ᠮᠥᠩᠬᠡ ᠲᠡᠭᠷᠢ ᠵᠢᠨ ᠳᠣᠣᠷ᠎ᠠ ᠪᠣᠰᠬᠠᠭᠰᠠᠨ ᠤᠯᠤᠰ ᠊ᠤᠨ ᠲᠠᠨᠢ ᠮᠥᠬᠥᠯ ᠊ᠢ ᠬᠠᠷᠠᠭᠠᠳ ᠰᠠᠭᠤᠬᠤ ᠵᠢᠷᠦᠬᠡ ᠦᠭᠡᠢ ᠵᠢᠨ ᠲᠤᠯᠠ ᠢᠩᠭᠢᠵᠦ ᠰᠢᠢᠳᠦᠯ᠎ᠡ᠃ ᠠᠪᠤᠷᠠᠯ ᠡᠨᠡᠷᠢᠯ᠂ ᠠᠷᠢᠭᠤᠨ ᠮᠡᠯᠮᠡᠢ ᠳ᠋ᠡᠭᠡᠨ ᠪᠠᠭᠲᠠᠭᠠᠨ ᠰᠣᠶᠣᠷᠬᠠᠨ᠎ᠠ ᠤᠤ ᠬᠡᠮᠡᠨ ᠮᠥᠷᠭᠥᠨ ᠵᠠᠯᠪᠠᠷᠢᠵᠤ ᠬᠦᠰᠡᠨ ᠤᠴᠢᠷᠯᠠᠭᠠᠳ ᠮᠣᠷᠢᠨ  ᠳ᠋ᠠᠭᠠᠨ ᠮᠣᠷᠳᠠᠨ᠂ ᠶᠡᠬᠡ ᠠᠭᠤᠷᠠᠭ  ᠲᠤ᠌ ᠡᠷᠭᠢᠵᠦ ᠢᠷᠡᠪᠡ᠃ ᠲᠥᠷᠥᠭᠰᠡᠨ ᠭᠡᠷ ᠡᠴᠡ ᠥᠭᠡᠷ᠎ᠡ ᠴᠤ᠌ ᠦᠭᠡᠢ ᠪᠣᠯᠤᠭᠰᠠᠨ ᠠᠭᠤᠷᠠᠭ ᠊ᠢ ᠣᠷᠬᠢᠨ ᠶᠠᠪᠤᠬᠤ ᠰᠢᠢᠳᠪᠦᠷᠢ  ᠶ᠋ᠢ ᠰᠤᠷᠬᠠᠭᠲᠠᠨᠢ ᠢᠩᠭᠢᠵᠦ ᠭᠠᠷᠭᠠᠭᠰᠠᠨ ᠨᠢ《ᠮᠣᠩᠭᠣᠯ ᠲᠥᠷᠥ  ᠳ᠋ᠦ᠍ ᠮᠢᠨᠢ ᠬᠡᠷᠡᠭ ᠭᠠᠷᠴᠠᠢ》 ᠬᠡᠮᠡᠨ ᠲᠤᠩᠭᠠᠭᠰᠠᠨ ᠊ᠤ ᠬᠢ ᠪᠠᠶ᠋ᠢᠯ᠎ᠠ᠃
       ᠮᠠᠷᠭᠠᠰᠢ ᠥᠷᠯᠥᠭᠡ ᠰᠤᠷᠬᠠᠭᠲᠠᠨᠢ ᠬᠠᠲᠤᠨ ᠠᠯᠪᠠᠲᠤ  ᠨᠤᠭᠤᠳ ᠵᠢᠠᠨ ᠳᠠᠭᠤᠳᠠᠭᠤᠯᠪᠠ᠃ ᠬᠠᠲᠤᠨ ᠊ᠤ ᠥᠷᠭᠦᠭᠡᠨ ᠳ᠋ᠤ᠌ ᠬᠠᠨ ᠬᠥᠪᠡᠭᠦᠳ᠂ ᠠᠭᠤᠷᠠᠭ ᠊ᠤᠨ ᠬᠡᠷᠡᠭ ᠊ᠢ ᠶᠠᠪᠤᠭᠤᠯᠤᠭᠴᠢ ᠲᠦᠰᠢᠮᠡᠳ᠂ ᠨᠣᠮ ᠊ᠤᠨ ᠬᠥᠮᠦᠰ᠂ ᠬᠠᠲᠤᠨ ᠊ᠤ ᠥᠮᠴᠢ  ᠳ᠋ᠦ᠍ ᠪᠠᠶ᠋ᠢᠬᠤ ᠨᠤᠲᠤᠭ ᠨᠤᠲᠤᠭ ᠊ᠤᠨ ᠨᠣᠶᠠᠳ᠂ ᠵᠠᠷᠢᠮ ᠠᠷᠠᠳ ᠴᠤᠭᠯᠠᠭᠰᠠᠨ ᠬᠠᠷᠠᠭᠳᠠᠨ᠎ᠠ᠃
 ᠲᠡᠳᠡᠨ ᠊ᠦ ᠳᠤᠮᠳᠠ ᠠᠰᠢᠳᠠ ᠲᠡᠮᠦᠷ ᠴᠤ᠌ ᠦᠵᠡᠭᠳᠡᠪᠡ᠃ ᠥᠷᠭᠦᠭᠡᠨ ᠳ᠋ᠤ᠌ ᠴᠤᠭᠯᠠᠭᠰᠠᠨ ᠣᠯᠠᠨ ᠊ᠢ ᠬᠠᠷᠠᠵᠤ ᠰᠠᠭᠤᠭᠰᠠᠨ ᠰᠤᠷᠬᠠᠭᠲᠠᠨᠢ ᠬᠠᠲᠤᠨ᠄
    —ᠶᠡᠬᠡ ᠠᠭᠤᠷᠠᠭ ᠊ᠢ ᠰᠠᠬᠢᠨ ᠰᠠᠭᠤᠬᠤ ᠬᠦᠨᠳᠦᠳᠠᠢ ᠡᠭᠦᠷᠭᠡ ᠶ᠋ᠢ ᠡᠵᠡᠨ ᠬᠠᠭᠠᠨ ᠨᠠᠳᠠ ᠳ᠋ᠤ ᠳᠠᠭᠠᠳᠬᠠᠨ ᠥᠭᠴᠦ ᠪᠠᠶ᠋ᠢᠭᠰᠠᠨ ᠲᠤᠯᠠ ᠪᠢ ᠡᠨᠡ ᠭᠠᠵᠠᠷ ᠲᠤ᠌ ᠨᠠᠰᠤᠨ ᠬᠤᠲᠤᠭ ᠪᠣᠯᠲᠠᠯ᠎ᠠ ᠠᠮᠢᠳᠤᠷᠠᠨ ᠰᠠᠭᠤᠬᠤ ᠪᠠᠷ ᠰᠢᠢᠳᠦᠭᠰᠡᠨ ᠶᠤᠮ᠃ ᠭᠡᠪᠡᠴᠦ ᠬᠠᠭᠠᠨ ᠡᠵᠡᠨ ᠳᠠᠭᠤᠳᠠᠭᠤᠯᠤᠭᠰᠠᠨ ᠊ᠢ ᠮᠣᠩᠭᠣᠯ ᠲᠥᠷᠥ  ᠳ᠋ᠦ᠍ ᠮᠢᠨᠢ ᠬᠡᠷᠡᠭ ᠭᠠᠷᠴᠠᠢ ᠭᠡᠵᠦ ᠰᠡᠳᠬᠢᠭᠰᠡᠨ ᠲᠤᠯᠠ ᠪᠢ ᠬᠠᠷᠠᠬᠣᠷᠣᠮ ᠊ᠢ ᠵᠣᠷᠢᠬᠤ ᠭᠡᠵᠦ ᠪᠠᠶ᠋ᠢᠨ᠎ᠠ᠃ ᠮᠢᠨᠦ ᠡᠵᠡᠭᠦᠢ  ᠳ᠋ᠦ᠍ ᠠᠭᠤᠷᠠᠭ ᠊ᠤᠨ ᠬᠡᠷᠡᠭ ᠊ᠢ ᠬᠤᠪᠢᠯᠠᠢ ᠬᠦᠦ ᠮᠢᠨᠢ ᠮᠡᠳᠡᠨ ᠶᠠᠪᠤᠭᠤᠯᠬᠤ ᠲᠤᠯᠠ ᠲᠠ ᠪᠦᠬᠦᠨ ᠲᠡᠭᠦᠨ ᠊ᠢ ᠮᠢᠨᠦ ᠠᠳᠠᠯᠢ ᠴᠢᠩ ᠰᠡᠳᠬᠢᠯ  ᠡᠴᠡ  ᠪᠡᠨ ᠲᠤᠰᠠᠯᠠᠨ ᠳᠡᠮᠵᠢᠵᠦ ᠪᠠᠶ᠋ᠢᠨ᠎ᠠ ᠭᠡᠵᠦ ᠢᠲᠡᠭᠡᠵᠦ ᠪᠠᠶ᠋ᠢᠨ᠎ᠠ᠃ ᠭᠡᠷ ᠊ᠦᠨ ᠡᠵᠡᠨ ᠶᠠᠪᠤᠬᠤ  ᠳ᠋ᠠᠭᠠᠨ ᠥᠪᠡᠷ ᠊ᠦᠨ ᠬᠦᠦ ᠪᠡᠷ ᠭᠣᠯᠣᠮᠲᠠ  ᠪᠠᠨ ᠰᠠᠬᠢᠭᠤᠯᠵᠤ᠂ ᠦᠨᠡᠨᠴᠢ ᠨᠣᠬᠠᠢ  ᠪᠠᠷ ᠭᠡᠷ ᠵᠢᠡᠨ ᠮᠠᠨᠠᠭᠤᠯᠳᠠᠭ ᠶᠣᠰᠣᠨ ᠪᠣᠢ ᠲᠤᠯᠠ ᠠᠰᠢᠳᠠ ᠲᠡᠮᠦᠷ ᠴᠢ ᠬᠦᠦ ᠵᠢᠨ ᠮᠢᠨᠢ ᠳᠡᠷᠭᠡᠳᠡ ᠪᠠᠶ᠋ᠢᠵᠤ᠂ ᠣᠭᠲᠣᠯᠬᠤ ᠮᠢᠬ᠎ᠠ ᠶ᠋ᠢ ᠨᠢ ᠪᠦᠯᠢᠶᠡᠨ ᠪᠠᠢᠯᠭᠠᠵᠤ᠂ ᠣᠭᠣᠴᠢᠬᠤ ᠴᠠᠢ ᠶ᠋ᠢ ᠨᠢ ᠬᠠᠯᠠᠭᠤᠨ ᠪᠠᠢᠯᠭᠠᠨ᠎ᠠ ᠤᠤ ᠭᠡᠮᠡᠨ ᠣᠯᠠᠨ ᠤ᠋ ᠳᠣᠲᠣᠷ᠎ᠠ ᠠ᠋ᠴᠠ ᠠᠰᠢᠳᠠ ᠲᠡᠮᠦᠷ ᠢ᠋ ᠬᠠᠷᠠᠨ ᠳᠠᠭᠠᠳᠬᠠᠯ᠎ᠠ᠃ ᠬᠠᠲᠤᠨᠲᠠᠨ ᠠᠰᠢᠳᠠ ᠲᠡᠮᠦᠷ ᠲᠦ᠍ ᠬᠠᠨᠳᠤᠨ᠄
    —ᠶᠠᠭᠤᠨ ᠲᠡᠷᠢᠭᠦᠨ ᠭᠡᠷ ᠪᠦᠯᠢ ᠪᠡᠨ ᠠᠪᠴᠤ ᠠᠭᠤᠷᠠᠭ ᠲᠤ ᠨᠡᠭᠦᠵᠦ ᠢᠷ᠎ᠡ᠂ ᠬᠠᠭᠠᠨ ᠡᠵᠡᠨ ᠦ᠌ ᠠᠷᠢᠭᠤᠨ ᠭᠣᠯᠣᠮᠲᠠ ᠶ᠋ᠢ ᠴᠢᠩ ᠰᠡᠳᠬᠢᠯ ᠡᠴᠡ ᠪᠡᠨ ᠰᠠᠬᠢᠵᠤ ᠴᠢᠳᠠᠬᠤ ᠦᠨᠡᠨᠴᠢ ᠬᠥᠮᠦᠨ ᠴᠢ ᠮᠥᠨ ᠲᠤᠯᠠ ᠪᠢ ᠢᠩᠭᠢᠵᠦ ᠰᠢᠢᠳᠦᠯ᠎ᠡ ᠭᠡᠪᠡ᠃ ᠠᠰᠢᠳᠠ ᠲᠡᠮᠦᠷ ᠲᠦ᠍ ᠬᠠᠲᠤᠨ ᠤ᠋ ᠦᠭᠡᠨ ᠡᠴᠡ ᠲᠠᠲᠠᠭᠠᠯᠵᠠᠬᠤ ᠵᠢᠷᠦᠬᠡ ᠦᠭᠡᠢ ᠪᠢᠯᠡ᠃ ᠲᠡᠭᠦᠨ ᠦ᠌ ᠰᠡᠳᠬᠢᠯ ᠢ᠋ ᠣᠢᠯᠠᠭᠠᠵᠤ ᠪᠠᠢᠭ᠎ᠠ ᠠ᠋ᠴᠠ ᠬᠣᠢᠰᠢ᠂ ᠬᠠᠲᠤᠨ ᠤ᠋ ᠵᠠᠷᠯᠢᠭ ᠢ᠋ ᠵᠥᠪᠰᠢᠶᠡᠷᠡᠨ ᠬᠦᠯᠢᠶᠡᠵᠦ ᠠᠪᠤᠯ᠎ᠠ᠃
       ᠦᠨᠡᠨ ᠳ᠋ᠡᠭᠡᠨ ᠣᠯᠠᠨ ᠬᠥᠯᠬᠢᠭᠰᠡᠨ ᠡᠨᠡ ᠭᠠᠵᠠᠷ ᠤ᠋ᠨ ᠤᠷᠲᠤ ᠥᠷᠭᠥᠭᠡ᠂ ᠠᠷᠢᠭᠤᠨ ᠨᠠᠨᠳᠢᠨ ᠳᠤᠷᠠᠰᠬᠠᠯ ᠢ᠋ ᠪᠦᠦ ᠬᠡᠯᠡ᠂ ᠭᠢᠰᠬᠢᠭᠰᠡᠨ ᠭᠠᠵᠠᠷ ᠤ᠋ᠨ ᠢ᠋ᠶ᠋ᠠᠨ ᠴᠢᠯᠠᠭᠤ ᠶ᠋ᠢ ᠬᠦᠷᠲᠡᠯ᠎ᠡ ᠬᠥᠳᠡᠯᠭᠡᠬᠦ ᠦᠭᠡᠢ ᠭᠡᠰᠡᠨ ᠳ᠋ᠡᠭᠡᠨ ᠵᠥᠭᠡᠯᠡᠨ ᠠᠯᠬᠤᠬᠤ ᠠᠰᠢᠳᠠ ᠲᠡᠮᠦᠷ ᠪᠣᠯ ᠡᠨᠡ ᠤᠳᠠᠭ᠎ᠠ ᠳ᠋ᠤ᠌ ᠰᠤᠷᠬᠠᠭᠲᠠᠨᠢ ᠶ᠋ᠢᠨ ᠢᠲᠡᠭᠡᠵᠦ ᠪᠣᠯᠬᠤ ᠳᠣᠲᠣᠨᠣ ᠶ᠋ᠢᠨ ᠬᠥᠮᠦᠨ ᠪᠠᠢᠪᠠ᠃
       ᠶᠡᠬᠡ ᠡᠵᠡᠨ ᠬᠠᠭᠠᠨ ᠤ᠋ ᠠᠷᠢᠭᠤᠨ ᠭᠠᠯ ᠭᠣᠯᠣᠮᠲᠠ ᠪᠣᠯ ᠰᠤᠷᠬᠠᠭᠲᠠᠨᠢ ᠶ᠋ᠢᠨ ᠬᠤᠪᠢ ᠳ᠋ᠤ᠌ ᠲᠥᠷᠥᠭᠰᠡᠨ ᠭᠡᠷ ᠡᠴᠡ ᠨᠢ ᠥᠭᠡᠷ᠎ᠡ ᠴᠦ᠍ ᠦᠭᠡᠢ ᠳᠣᠲᠣᠨᠣ ᠭᠠᠵᠠᠷ᠂ ᠡᠨᠡ ᠤᠷᠲᠤ ᠥᠷᠭᠥᠭᠡ ᠶ᠋ᠢ ᠰᠠᠬᠢᠨ ᠰᠠᠭᠤᠬᠤ ᠬᠦᠨᠳᠦᠲᠡᠢ ᠡᠭᠦᠷᠭᠡ ᠶ᠋ᠢ ᠲᠡᠭᠦᠨ ᠳ᠋ᠦ᠍ ᠲᠩᠷᠢ ᠪᠣᠯᠤᠭᠰᠠᠨ ᠬᠠᠭᠠᠨ ᠡᠵᠡᠨ᠂ ᠲᠡᠭᠦᠨ ᠦ᠌ ᠬᠠᠢᠷᠠᠲᠠᠢ ᠡᠷ᠎ᠡ ᠨᠥᠬᠥᠷ ᠲᠤᠯᠤᠢ ᠳᠠᠭᠠᠳᠬᠠᠨ ᠪᠠᠢᠭᠰᠠᠨ ᠤᠳᠠᠭ᠎ᠠ ᠲᠠᠢ ᠲᠤᠯᠠ᠂ ᠶᠠᠭᠤᠮ᠎ᠠ ᠯᠠ ᠪᠣᠯ ᠠᠭᠤᠷᠠᠭ ᠠ᠋ᠴᠠ ᠶᠠᠪᠤᠬᠤ ᠦᠭᠡᠢ ᠭᠡᠵᠦ ᠡᠷᠡᠰ ᠡᠰᠡᠷᠭᠦᠴᠡᠳᠡᠭ ᠬᠠᠲᠤᠨ ᠡᠬᠡ ᠴᠣᠬᠣᠮ ᠶᠠᠭᠤᠨ ᠤ᠋ ᠤᠴᠢᠷ ᠢᠩᠭᠢᠵᠦ ᠬᠠᠷᠠᠬᠣᠷᠣᠮ ᠤᠷᠤᠭᠤ ᠶᠠᠪᠤᠬᠤ ᠶ᠋ᠢ ᠵᠥᠪᠰᠢᠶᠡᠷᠡᠨ ᠪᠣᠢ ᠶ᠋ᠢ ᠭᠠᠢᠬᠠᠬᠤ ᠬᠥᠮᠦᠰ ᠣᠯᠠᠨ᠃《ᠮᠣᠩᠭᠣᠯ ᠤ᠋ᠨ ᠲᠥᠷᠥ ᠳ᠋ᠦ᠍ ᠮᠢᠨᠢ ᠬᠡᠷᠡᠭ ᠭᠠᠷᠴᠠᠢ》 ᠭᠡᠰᠡᠨ ᠦᠭᠡ ᠶᠠᠮᠠᠷ ᠤᠴᠢᠷ ᠲᠠᠢ ᠶ᠋ᠢ ᠴᠤ᠌ ᠦᠯᠦ ᠮᠡᠳᠡᠨ᠎ᠡ᠃
       ᠬᠠᠷᠠᠬᠣᠷᠣᠮ ᠳ᠋ᠤ᠌ ᠨᠡᠭᠦᠨ ᠣᠴᠢᠬᠤ ᠪᠡᠯᠡᠳᠬᠡᠯ ᠠᠵᠢᠯ ᠬᠡᠳᠦᠨ ᠬᠣᠨᠣᠭ ᠦᠷᠭᠦᠯᠵᠢᠯᠡᠵᠦ᠂ ᠬᠠᠲᠤᠨ ᠤ᠋ ᠶᠠᠪᠤᠭᠤᠯ ᠤ᠋ᠨ ᠥᠷᠭᠥᠭᠡ ᠭᠡᠷ ᠲᠡᠷᠭᠡ ᠶ᠋ᠢ ᠪᠡᠯᠡᠳᠬᠡᠨ ᠵᠡᠬᠡᠬᠦ ᠡᠴᠡ ᠡᠬᠢᠯᠡᠭᠡᠳ᠂ ᠲᠡᠭᠦᠨ ᠢ᠋ ᠳᠠᠭᠠᠯᠳᠤᠨ ᠶᠠᠪᠤᠬᠤ ᠵᠠᠷᠤᠴᠠ᠂ ᠰᠢᠪᠡᠭᠴᠢᠨ᠂ ᠬᠠᠷᠠᠭᠤᠯ᠂ ᠬᠠᠮᠠᠭᠠᠯᠠᠯᠲᠠ ᠶ᠋ᠢ ᠲᠣᠮᠢᠯᠠᠬᠤ ᠣᠯᠠᠨ ᠠᠵᠢᠯ ᠠᠷᠤ ᠠᠷᠤ ᠠ᠋ᠴᠠ ᠪᠠᠨ ᠣᠨᠳᠣᠷᠤᠭᠰᠠᠭᠠᠷ ᠪᠠᠢᠯ᠎ᠠ᠃ ᠶᠠᠭᠠᠷᠠᠪᠴᠢᠯᠠᠨ ᠬᠥᠳᠡᠯᠬᠦ ᠦᠭᠡᠢ ᠪᠣᠯ ᠪᠣᠯᠬᠤ ᠦᠭᠡᠢ ᠪᠠᠢᠭᠰᠠᠨ ᠪᠠᠰᠠ ᠨᠢᠭᠡᠨ ᠰᠢᠯᠲᠠᠭᠠᠨ ᠨᠢ ᠪᠠᠷᠠᠭᠤᠨ ᠵᠦᠭ ᠲᠦ᠍ ᠮᠣᠷᠳᠠᠨ ᠶᠡᠬᠡ ᠴᠡᠷᠢᠭ ᠲᠡᠢ ᠨᠡᠢᠯᠡᠨ ᠥᠪᠡᠷ ᠦ᠋ᠨ ᠴᠡᠷᠢᠭ ᠢ᠋ ᠤᠳᠤᠷᠢᠳᠤᠨ ᠶᠠᠪᠤᠬᠤ ᠮᠥᠩᠬᠡ ᠬᠠᠨ ᠬᠠᠷᠠᠬᠣᠷᠣᠮ ᠠ᠋ᠴᠠ ᠤᠳᠠᠬᠤ ᠦᠭᠡᠢ ᠬᠥᠳᠡᠯᠬᠦ ᠶᠣᠰᠣᠲᠠᠢ ᠪᠠᠢᠯ᠎ᠠ᠃ ᠬᠡᠳᠦᠨ ᠬᠣᠨᠣᠭ ᠤ᠋ᠨ ᠨᠦᠰᠡᠷ ᠠᠵᠢᠯ ᠰᠠᠶᠢ ᠳᠠᠭᠤᠰᠴᠤ ᠬᠠᠲᠤᠨ ᠤ᠋ ᠭᠡᠷ ᠪᠠᠷᠠᠭ᠎ᠠ᠂ ᠬᠥᠮᠦᠨ ᠮᠠᠯ ᠠᠭᠤᠷᠠᠭ ᠠ᠋ᠴᠠ ᠶᠠᠪᠤᠬᠤ ᠲᠡᠷᠡ ᠡᠳᠦᠷ ᠰᠤᠷᠬᠠᠭᠲᠠᠨᠢ ᠬᠠᠲᠤᠨ ᠬᠠᠷᠠᠭᠤᠯ ᠬᠠᠮᠠᠭᠠᠯᠠᠯᠲᠠ ᠪᠦᠬᠦᠢ ᠶᠡᠬᠡ ᠡᠵᠡᠨ ᠴᠢᠩᠭᠢᠰ ᠬᠠᠭᠠᠨ ᠤ᠋ ᠣᠩᠭᠣ ᠰᠢᠲᠦᠭᠡᠨ ᠦ᠌ ᠦᠷᠭᠦᠭᠡᠨ ᠳ᠋ᠦ᠍ ᠣᠷᠣᠵᠤ ᠬᠦᠨᠳᠦᠳᠬᠡᠯ ᠢᠯᠡᠷᠬᠡᠢᠯᠡᠪᠡ᠃
    ᠲᠠᠯ᠎ᠠ ᠨᠤᠲᠤᠭ ᠤ᠋ᠨ ᠮᠣᠩᠭᠣᠯ ᠭᠡᠷ ᠡᠴᠡ ᠣᠭᠲᠣ ᠥᠭᠡᠷ᠎ᠡ ᠳᠥᠷᠪᠡᠨ ᠬᠠᠨ᠎ᠠ ᠲᠠᠢ᠂ ᠳᠥᠷᠪᠡᠯᠵᠢᠨ ᠬᠡᠯᠪᠡᠷᠢ ᠲᠡᠢ ᠡᠨᠡ ᠣᠷᠳᠣᠨ ᠭᠠᠵᠠᠷ ᠭᠠᠵᠠᠷ ᠤ᠋ᠨ ᠤᠷᠠᠨ ᠳᠠᠷᠬᠠᠴᠤᠤᠯ ᠤ᠋ᠨ ᠤᠷ᠎ᠠ ᠬᠢᠴᠡ ᠶ᠋ᠢ ᠰᠢᠩᠭᠡᠭᠡᠵᠡᠢ᠃ ᠤᠭᠠᠯᠵᠠᠨ ᠣᠷᠣᠢ ᠲᠠᠢ ᠳᠡᠭᠡᠪᠦᠷ ᠨᠢ ᠠᠯᠲᠠᠨ ᠰᠢᠷᠭᠠᠯ ᠥᠩᠭᠡ ᠪᠡᠷ ᠨᠠᠷᠠᠨ ᠤ᠋ ᠭᠡᠷᠡᠯ ᠳ᠋ᠦ᠍ ᠭᠢᠯᠪᠠᠨ᠎ᠠ᠃ ᠰᠤᠷᠬᠠᠭᠲᠠᠨᠢ ᠣᠩᠭᠣ ᠰᠢᠲᠦᠭᠡᠨ ᠦ᠌ ᠡᠮᠦᠨ᠎ᠡ ᠢᠳᠡᠭᠡ ᠤᠮᠳᠠᠭᠠᠨ ᠤ᠋ ᠪᠠᠨ ᠳᠡᠭᠡᠵᠢ ᠶ᠋ᠢ ᠡᠷᠭᠦᠯ᠎ᠡ᠃ ᠥᠷᠭᠥᠭᠡ ᠨᠠᠮ ᠭᠦᠮ᠂ ᠭᠠᠭᠴᠠ ᠬᠦ᠌ ᠳᠥᠷᠪᠡᠨ ᠬᠠᠨᠠᠨ ᠳ᠋ᠤ᠌ ᠪᠠᠳᠮᠠᠯᠠᠨ ᠠᠰᠠᠬᠤ ᠭᠠᠯ ᠤ᠋ᠨ ᠳᠥᠯᠥ ᠡᠴᠡ ᠬᠠᠮᠢᠭ᠎ᠠ ᠨᠢᠭᠡ ᠴᠠᠳ ᠫᠠᠳ ᠭᠡᠬᠦ ᠴᠢᠮᠡᠭᠡ ᠰᠣᠨᠣᠰᠳᠠᠨ᠎ᠠ᠃ ᠨᠢᠭᠡᠨ ᠴᠠᠭ ᠲᠤ ᠵᠡᠭᠦᠳᠦᠨ ᠳ᠋ᠡᠭᠡᠨ ᠦᠵᠡᠵᠦ ᠬᠠᠷᠠᠭᠰᠠᠨ ᠵᠦᠢᠯ ᠢ᠋ᠶ᠋ᠡᠨ ᠡᠷ᠎ᠡ ᠨᠥᠬᠥᠷ ᠲᠤᠯᠤᠢ ᠳ᠋ᠠᠭᠠᠨ ᠶᠠᠷᠢᠵᠤ ᠦᠭᠭᠦᠭᠰᠡᠨ ᠢ᠋ᠶ᠋ᠡᠷ ᠡᠨᠡ ᠥᠷᠭᠥᠭᠡ ᠰᠦᠨᠳᠡᠷᠯᠡᠨ ᠪᠣᠰᠴᠤ ᠪᠠᠢᠭᠰᠠᠨ ᠪᠢᠯᠡ᠃ ᠲᠤᠯᠤᠢ ᠡᠵᠡᠨ《ᠲᠩᠷᠢ ᠳ᠋ᠦ᠍ ᠪᠠᠢᠭ᠎ᠠ ᠲᠡᠷᠡ ᠰᠠᠢᠬᠠᠨ ᠣᠷᠳᠣᠨ ᠢ᠋ ᠭᠠᠵᠠᠷ ᠲᠤ ᠪᠠᠢᠭᠤᠯᠵᠤ ᠶᠠᠭᠠᠬᠢᠭᠠᠳ ᠪᠣᠯᠬᠤ ᠦᠭᠡᠢ ᠪᠢᠯᠡ》 ᠭᠡᠮᠡᠨ ᠬᠠᠲᠤᠨ ᠤ᠋ ᠪᠠᠨ ᠵᠡᠭᠦᠳᠦ ᠶ᠋ᠢ ᠠᠮᠢᠯᠠᠭᠤᠯᠤᠭᠰᠠᠨ ᠰᠠᠢᠬᠠᠨ ᠤᠷᠲᠤ ᠶ᠋ᠢ ᠭᠠᠵᠠᠷ ᠲᠤ ᠪᠣᠰᠬᠠᠭᠰᠠᠨ᠃ ᠰᠤᠷᠬᠠᠭᠲᠠᠨᠢ ᠶ᠋ᠢᠨ ᠵᠡᠭᠦᠳᠦᠨ ᠳ᠋ᠦ᠍ ᠲᠡᠷᠡ ᠰᠥᠨᠢ ᠬᠠᠷᠠᠭᠳᠠᠭᠰᠠᠨ ᠪᠦᠬᠦᠨ ᠭᠠᠵᠠᠷ ᠲᠤ ᠢᠩᠭᠢᠵᠦ ᠪᠡᠶᠡᠯᠡᠯ ᠢ᠋ᠶ᠋ᠡᠨ ᠣᠯᠤᠭᠰᠠᠨ ᠴᠤ᠌᠂ ᠲᠩᠷᠢ ᠶ᠋ᠢᠨ ᠣᠷᠳᠣᠨ ᠳ᠋ᠤ᠌ ᠲᠡᠷᠡ ᠳᠠᠯᠠᠪᠴᠢ ᠲᠠᠢ ᠮᠡᠲᠦ ᠨᠢᠰᠦᠨ ᠶᠠᠪᠤᠭᠰᠠᠨ ᠪᠣᠯ ᠭᠠᠵᠠᠷ ᠤ᠋ᠨ ᠡᠨᠡ ᠣᠷᠳᠣᠨ ᠳ᠋ᠠᠭᠠᠨ ᠠᠯᠬᠤᠵᠤ ᠶᠠᠪᠤᠨ᠎ᠠ᠃ ᠣᠩᠭᠣ ᠰᠢᠲᠦᠭᠡᠨ ᠦ᠌ ᠡᠮᠦᠨ᠎ᠡ ᠬᠦᠨᠳᠦᠳᠬᠡᠯ ᠦᠵᠡᠭᠦᠯᠦᠨ ᠰᠠᠭᠤᠭᠰᠠᠨ ᠬᠠᠲᠤᠨ ᠳᠡᠭᠡᠭᠰᠢ ᠥᠨᠳᠡᠢᠨ ᠪᠣᠰᠴᠤ᠂ ᠰᠢᠲᠦᠭᠡᠨ ᠦ᠌ ᠥᠭᠡᠳᠡ ᠭᠠᠷ ᠢ᠋ᠶ᠋ᠠᠨ ᠰᠤᠩᠭᠠᠨ ᠥᠨᠳᠥᠷ ᠲᠠᠪᠴᠠᠩ ᠳᠡᠭᠡᠷ᠎ᠡ ᠶᠡᠬᠡ ᠶᠣᠰᠣ ᠶ᠋ᠢ ᠦᠢᠯᠡᠳᠦᠨ ᠵᠠᠯᠠᠭᠰᠠᠨ ᠨᠢᠭᠡᠨ ᠵᠦᠢᠯ ᠢ᠋ ᠠᠪᠤᠯ᠎ᠠ᠃ ᠵᠢᠵᠢᠭᠬᠡᠨ᠂ ᠳᠥᠷᠪᠡᠯᠵᠢᠨ ᠠᠯᠲᠠᠨ ᠬᠠᠢᠷᠴᠠᠭ ᠢ᠋ ᠲᠡᠷᠡ ᠠᠯᠠᠭᠠᠨ ᠳᠡᠭᠡᠷ᠎ᠡ ᠪᠡᠨ ᠲᠠᠯᠪᠢᠵᠤ᠂ ᠲᠠᠭ ᠢ᠋ ᠨᠢ ᠣᠩᠭᠣᠢᠯᠭᠠᠨ ᠬᠠᠷᠠᠪᠠ᠃ ᠰᠢᠲᠦᠭᠡᠨ ᠦ᠌ ᠦᠷᠭᠦᠭᠡᠨ ᠦ᠌ ᠭᠡᠭᠡᠪᠴᠢ ᠪᠡᠷ ᠲᠤᠰᠬᠤ ᠨᠠᠷᠠᠨ ᠤ᠋ ᠵᠤᠷᠪᠤᠰ ᠭᠡᠷᠡᠯ ᠠᠯᠲᠠᠨ ᠬᠠᠢᠷᠴᠠᠭ ᠳᠡᠭᠡᠷ᠎ᠡ ᠲᠣᠰᠴᠤ ᠰᠢᠷᠭᠠᠯ ᠲᠤᠶᠠᠭ᠎ᠠ ᠭᠢᠯᠠᠰᠬᠢᠬᠤ ᠰᠢᠭ᠋ ᠪᠣᠯᠬᠤ ᠳ᠋ᠤ᠌ ᠳᠣᠲᠣᠷ᠎ᠠ ᠨᠢ ᠪᠠᠢᠭᠰᠠᠨ ᠳᠥᠷᠪᠡᠨ ᠠᠯᠲᠠᠨ ᠦᠷᠢᠯ ᠰᠢᠷᠭᠠᠯᠲᠤᠨ ᠬᠠᠷᠠᠭᠳᠠᠨ᠎ᠠ᠃《ᠲᠤᠯᠤᠢ ᠡᠵᠡᠨ ᠢ᠋ ᠮᠡᠨᠳᠦᠯᠡᠬᠦ ᠳ᠋ᠦ᠍ ᠲᠩᠷᠢ ᠡᠴᠡ ᠣᠢᠷᠠᠲᠤᠨ ᠢᠷᠡᠭᠰᠡᠨ ᠳᠥᠷᠪᠡᠨ ᠣᠳᠣ᠂ ᠡᠨᠡ ᠳᠥᠷᠪᠡᠨ ᠦᠷᠢᠯ ᠬᠣᠭᠣᠷᠣᠨᠳᠣ ᠪᠠᠨ ᠦᠯᠦ ᠮᠡᠳᠡᠭ ᠤᠴᠢᠭ ᠢ᠋ᠶ᠋ᠠᠷ ᠬᠣᠯᠪᠣᠭ᠎ᠠ ᠲᠠᠢ ᠪᠣᠯᠬᠤ》 ᠶ᠋ᠢ ᠰᠤᠷᠬᠠᠭᠲᠠᠨᠢ ᠭᠠᠳᠠᠷᠯᠠᠬᠤ ᠪᠣᠯᠤᠭᠰᠠᠨ ᠪᠠᠢᠪᠠ᠃ ᠥᠭᠡᠯᠦᠨ ᠡᠬᠡ ᠲᠩᠷᠢ ᠪᠣᠯᠬᠤ ᠳ᠋ᠠᠭᠠᠨ《ᠲᠡᠷᠡ ᠡᠳᠦᠷ ᠲᠩᠷᠢ ᠡᠴᠡ ᠣᠢᠷᠠᠲᠤᠨ ᠢᠷᠡᠭᠰᠡᠨ ᠳᠥᠷᠪᠡᠨ ᠣᠳᠣ ᠪᠣᠯ ᠴᠢᠮ᠎ᠠ ᠠ᠋ᠴᠠ ᠲᠥᠷᠥᠬᠦ ᠳᠥᠷᠪᠡᠨ ᠬᠦᠦ ᠶᠦᠮ》 ᠭᠡᠵᠦ ᠬᠡᠯᠡᠭᠰᠡᠨ ᠢ᠋ ᠤᠬᠠᠨ ᠪᠣᠳᠣᠵᠤ ᠪᠠᠢᠬᠤᠢ ᠳ᠋ᠤᠷ᠂ ᠥᠨᠥ ᠳᠥᠷᠪᠡᠨ ᠬᠦᠦ ᠲᠡᠢ ᠪᠣᠯᠵᠠᠢ᠃ ᠪᠣᠳᠢ ᠰᠡᠳᠬᠢᠯ ᠦ᠋ᠨ ᠭᠠᠯ ᠬᠡᠵᠢᠶ᠎ᠡ ᠪᠠᠳᠮᠠᠯᠠᠨ ᠠᠰᠠᠵᠤ᠂ ᠪᠤᠷᠬᠠᠳ ᠲᠡᠭᠦᠨ ᠦ᠌ ᠳᠥᠷᠪᠡᠨ ᠬᠦᠦ ᠳ᠋ᠦ᠍ ᠬᠦᠴᠦ ᠴᠢᠳᠠᠯ ᠬᠠᠢᠷᠠᠯᠠᠬᠤ ᠶᠤᠮ ᠪᠣᠯ ᠳᠠ᠂ ᠬᠠᠲᠤᠨ ᠬᠠᠢᠷᠴᠠᠭ ᠢ᠋ ᠲᠠᠭᠯᠠᠨ ᠰᠢᠲᠦᠭᠡᠨ ᠦ᠌ ᠬᠠᠵᠠᠭᠤ ᠳ᠋ᠤ᠌ ᠪᠤᠴᠠᠭᠠᠨ ᠲᠠᠯᠪᠢᠭᠠᠳ᠂
      —ᠲᠥᠷᠥᠭᠦᠯᠦᠭᠰᠡᠨ ᠳᠥᠷᠪᠡᠨ ᠬᠦᠦ ᠲᠡᠢ ᠪᠢᠯᠡ ᠪᠢ ᠲᠥᠭᠡᠷᠭᠡ ᠲᠣᠭᠣᠷᠢᠭᠤ ᠵᠠᠶᠠᠭ᠎ᠠ ᠶ᠋ᠢ ᠨᠢ ᠪᠤᠷᠬᠠᠳ ᠵᠢᠷᠤᠭᠰᠠᠨ ᠲᠠᠪᠢᠯᠠᠩ ᠲᠠᠢ ᠪᠢᠯᠡ    ᠲᠩᠷᠢ ᠪᠣᠯᠤᠭᠰᠠᠨ ᠡᠴᠢᠭᠡ ᠶ᠋ᠢᠨ ᠬᠢᠨᠢ ᠲᠡᠳᠡᠨ ᠦ᠌ ᠪᠡᠨ ᠲᠥᠯᠥᠭᠡ ᠬᠢᠬᠦ ᠪᠠᠢᠭᠰᠠᠨ ᠢ᠋ ᠭᠠᠵᠠᠷ ᠳᠡᠭᠡᠷ᠎ᠡ ᠭᠦᠢᠴᠡᠯᠳᠦᠭᠦᠯᠬᠦ ᠡᠭᠦᠷᠭᠡ᠂ ᠬᠠᠲᠤᠨ ᠨᠠᠳᠠ ᠳ᠋ᠤ᠌ ᠣᠨᠣᠭᠳᠠᠵᠠᠢ᠃
    ᠮᠡᠨᠳᠦ ᠠᠮᠤᠭᠤᠯᠠᠩ ᠶᠡᠬᠡ ᠠᠭᠤᠷᠠᠭ ᠲᠤ ᠡᠷᠭᠢᠨ ᠢᠷᠡᠬᠦ ᠶ᠋ᠢᠨ ᠴᠠᠭ ᠲᠤ ᠮᠢᠨᠦ ᠬᠦᠰᠡᠯ ᠪᠡᠶᠡᠯᠡᠭᠰᠡᠨ ᠪᠠᠢᠬᠤ ᠪᠣᠯᠲᠤᠭᠠᠢ ᠬᠡᠮᠡᠭᠡᠳ ᠰᠢᠲᠦᠭᠡᠨ ᠦ᠌ ᠦᠷᠭᠦᠭᠡᠨ ᠡᠴᠡ ᠭᠠᠷᠪᠠ᠃
    ᠨᠠᠷᠠᠨ ᠤ᠋ ᠡᠷᠲᠡ ᠳᠡᠭᠡᠷ᠎ᠡ ᠬᠥᠳᠡᠯᠬᠦ ᠶᠡᠬᠡ ᠨᠡᠭᠦᠳᠡᠯ ᠰᠤᠷᠬᠠᠭᠲᠠᠨᠢ ᠶ᠋ᠢ ᠬᠦᠯᠢᠶᠡᠨ᠎ᠡ᠃ ᠲᠩᠷᠢ ᠴᠡᠯᠮᠡᠭ᠃ ᠤᠳᠠᠬᠤ ᠦᠭᠡᠢ ᠢᠷᠡᠬᠦ ᠭᠡᠵᠦ ᠪᠠᠢᠭ᠎ᠠ ᠬᠦᠢᠲᠡᠨ ᠴᠠᠭ ᠤ᠋ᠨ ᠳᠣᠬᠢᠶ᠎ᠠ ᠠᠭᠤᠷᠠᠭ ᠲᠤ ᠦᠯᠦ ᠠᠩᠵᠠᠭᠠᠷᠠᠭᠳᠠᠨ᠎ᠠ᠃ ᠨᠠᠯᠠᠭᠠᠷ ᠨᠠᠮᠤᠷ ᠤ᠋ᠨ ᠰᠠᠢᠬᠠᠨ ᠡᠳᠦᠷ ᠢ᠋ᠶ᠋ᠡᠷ  ᠥᠨᠥ ᠶ᠋ᠢ ᠬᠦᠷᠲᠡᠯ᠎ᠡ ᠬᠠᠢᠷᠠᠯᠠᠨ ᠰᠠᠭᠤᠭᠰᠠᠨ ᠶᠡᠬᠡ ᠠᠭᠤᠷᠠᠭ ᠢ᠋ ᠣᠷᠬᠢᠨ ᠶᠠᠪᠤᠬᠤ ᠭᠡᠵᠦ ᠪᠠᠢᠨ᠎ᠠ᠃ ᠠᠶᠠᠨ ᠵᠠᠮ ᠳ᠋ᠤ᠌ ᠭᠠᠷᠬᠤ ᠶ᠋ᠢᠨ ᠡᠮᠦᠨ᠎ᠡ ᠨᠤᠲᠤᠭ ᠤ᠋ᠨ ᠤᠰᠤᠨ ᠠ᠋ᠴᠠ ᠠᠮᠰᠠᠬᠤ ᠪᠠᠷ ᠠᠭᠤᠷᠠᠭ ᠷᠠᠰᠢᠶᠠᠨ ᠠ᠋ᠴᠠ ᠠᠪᠴᠢᠷᠠᠭᠤᠯᠤᠨ ᠤᠤᠭᠤᠬᠤ ᠳ᠋ᠤ᠌ ᠰᠡᠩᠭᠢᠨᠡᠭᠰᠡᠨ ᠣᠬᠢ ᠨᠢ ᠬᠠᠮᠠᠷ ᠴᠣᠷᠭᠢᠨ ᠪᠠᠢᠯ᠎ᠠ᠃ ᠰᠤᠷᠬᠠᠭᠲᠠᠨᠢ ᠴᠤᠭᠯᠠᠭᠰᠠᠨ ᠣᠯᠠᠨ ᠳ᠋ᠤ᠌ ᠬᠠᠨᠳᠤᠨ᠄  
      —ᠡᠵᠡᠨ ᠬᠠᠭᠠᠨ ᠤ᠋ ᠤᠷᠲᠤ ᠥᠷᠭᠥᠭᠡ᠂ ᠶᠡᠬᠡ ᠮᠣᠩᠭᠣᠯ ᠤ᠋ᠨ ᠲᠥᠷᠥ ᠶ᠋ᠢᠨ ᠭᠣᠯᠣᠮᠲᠠ ᠪᠣᠯᠤᠭᠰᠠᠨ ᠠᠭᠤᠷᠠᠭ ᠢ᠋ᠶ᠋ᠠᠨ ᠬᠠᠢᠷᠠᠯᠠᠨ ᠬᠠᠮᠠᠭᠠᠯᠠᠵᠤ ᠰᠠᠭᠤᠬᠤ ᠪᠠᠨ ᠡᠷᠬᠢᠮ ᠣᠯᠠᠨ ᠲᠠ ᠨᠠᠷ ᠮᠡᠳᠡᠲᠦᠭᠡᠢ! ᠭᠡᠮᠡᠨ ᠵᠠᠬᠢᠯ᠎ᠠ᠃ ᠠᠭᠤᠷᠠᠭ ᠠ᠋ᠴᠠ ᠠᠯᠬᠤᠮ ᠠᠯᠬᠤᠮ ᠢ᠋ᠶ᠋ᠠᠷ ᠬᠣᠯᠠᠳᠬᠤ ᠶᠡᠬᠡ ᠨᠡᠭᠦᠳᠡᠯ ᠤᠯᠠᠮ ᠪᠦᠷ ᠴᠠᠭᠠᠰᠢᠯᠠᠭᠰᠠᠭᠠᠷ᠁
    ᠡᠳᠦᠷ ᠦ᠋ᠨ ᠨᠠᠷᠠᠨ ᠤ᠋ ᠰᠢᠵᠢᠷᠬᠡᠨ ᠲᠤᠶᠠᠭᠠᠨ ᠳᠣᠣᠷ᠎ᠠ ᠠᠯᠤᠰ ᠲᠤ ᠦᠵᠡᠭᠳᠡᠬᠦ ᠠᠭᠤᠷᠠᠭ ᠣᠷᠳᠣᠨ᠂ ᠡᠵᠡᠨ ᠬᠠᠭᠠᠨ ᠤ᠋ ᠣᠩᠭᠣ ᠰᠢᠲᠦᠭᠡᠨ ᠦ᠌ ᠥᠷᠭᠥᠭᠡ᠂ ᠣᠯᠠᠨ ᠥᠩᠭᠡ ᠪᠡᠷ ᠰᠦᠯᠡᠯᠳᠦᠨ ᠬᠠᠷᠠᠭᠳᠠᠬᠤ ᠨᠢ ᠳᠠᠩᠴᠤ ᠰᠠᠢᠬᠠᠨ᠃ ᠬᠠᠢᠷᠠᠲᠠᠢ ᠵᠦᠢᠯ ᠢ᠋ᠶ᠋ᠡᠨ ᠣᠷᠬᠢᠨ ᠶᠠᠪᠤᠬᠤ ᠳ᠋ᠤ᠌ ᠬᠦᠷᠪᠡᠯ ᠡᠭᠦᠨ ᠡᠴᠡ ᠴᠤ᠌ ᠢᠯᠡᠭᠦᠦ ᠡᠷᠬᠢᠮ ᠵᠦᠢᠯ ᠦ᠋ᠨ ᠪᠠᠨ ᠲᠥᠯᠥᠭᠡ ᠬᠢᠬᠦ ᠰᠣᠩᠭᠣᠯᠲᠠ ᠠ᠋ᠴᠠ ᠰᠢᠯᠲᠠᠭᠠᠯᠠᠳᠠᠭ ᠪᠠᠢᠵᠤ ᠪᠣᠯᠬᠤ ᠶᠤᠮ᠃ ᠡᠨᠡᠭᠰᠢᠨ ᠳᠠᠰᠤᠭᠰᠠᠨ ᠶᠡᠬᠡ ᠠᠭᠤᠷᠠᠭ ᠠᠷᠤ ᠳ᠋ᠤ᠌ ᠦᠯᠡᠳᠡᠵᠦ᠂ ᠢᠷᠡᠭᠡᠳᠦᠢ ᠳ᠋ᠦ᠍ ᠬᠡᠷᠬᠢᠬᠦ ᠨᠢ ᠲᠣᠳᠣᠷᠬᠠᠢ ᠦᠭᠡᠢ ᠶᠡᠬᠡ ᠠᠮᠢᠳᠤᠷᠠᠯ᠂ ᠣᠯᠠᠨ ᠪᠤᠵᠢᠭᠢᠨᠠᠯᠳᠤᠭᠰᠠᠨ ᠨᠦᠰᠡᠷ ᠬᠣᠲᠠ ᠬᠠᠷᠠᠬᠣᠷᠣᠮ ᠰᠤᠷᠬᠠᠠᠭᠲᠠᠨᠢ ᠶ᠋ᠢ ᠬᠦᠯᠢᠶᠡᠨ ᠪᠠᠢᠯ᠎ᠠ᠃
       ᠥᠭᠡᠳᠡᠢ ᠬᠠᠭᠠᠨ ᠤ᠋ ᠶᠠᠪᠤᠭᠤᠯ ᠤ᠋ᠨ ᠥᠷᠭᠥᠭᠡ ᠠᠯᠲᠠᠨ ᠤᠯᠤᠰ ᠲᠤ ᠪᠠᠢᠬᠤ ᠳ᠋ᠤ᠌ ᠨᠢᠭᠡᠨ ᠬᠡᠷᠡᠭ ᠶᠠᠪᠤᠳᠠᠯ ᠪᠣᠯᠪᠠ᠃ ᠪᠡᠶ᠎ᠡ ᠨᠢ ᠴᠢᠯᠡᠭᠡᠷᠬᠡᠭᠰᠡᠨ ᠬᠠᠭᠠᠨ ᠤ᠋ ᠡᠪᠡᠳᠴᠢᠨ ᠦ᠌ ᠤᠴᠢᠷ ᠰᠢᠯᠲᠠᠭᠠᠨ᠂ ᠡᠮᠴᠢ ᠳᠣᠮᠴᠢ᠂ ᠪᠥᠬᠡ ᠢᠳᠤᠭᠠᠨ ᠨᠤᠭᠤᠳ ᠲᠠᠢᠯᠵᠤ ᠡᠰᠡ ᠴᠢᠳᠠᠭᠠᠳ ᠪᠠᠢᠬᠤ ᠦᠶ᠎ᠡ ᠳ᠋ᠦ᠍ ᠨᠢᠭᠡᠨ ᠰᠥᠨᠢ ᠥᠭᠡᠳᠡᠢ ᠬᠠᠭᠠᠨ ᠶᠡᠬᠡ ᠰᠣᠨᠢᠨ ᠵᠡᠭᠦᠳᠦ ᠶ᠋ᠢ ᠦᠵᠡᠵᠡᠢ᠃ ᠲᠡᠭᠦᠨ ᠦ᠌ ᠵᠡᠭᠦᠳᠦᠨ ᠳ᠋ᠦ᠍ ᠮᠥᠩᠬᠡ ᠲᠩᠷᠢ ᠶ᠋ᠢᠨ ᠲᠡᠷᠲᠡᠭᠡ ᠡᠴᠡ ᠠᠢᠬᠤᠪᠲᠤᠷ ᠰᠢᠷᠦᠭᠦᠨ ᠳᠠᠭᠤ ᠴᠢᠮᠡᠭᠡ ᠰᠣᠨᠣᠰᠳᠠᠨ᠂ ᠳᠡᠭᠡᠷ᠎ᠡ ᠪᠠᠷᠠᠭᠠᠨᠳᠠᠨ ᠪᠠᠢᠭᠰᠠᠨ ᠡᠭᠦᠯᠡᠰ ᠢᠷᠠᠭᠳᠠᠨ ᠭᠡᠷᠡᠯ ᠭᠡᠢᠵᠦ ᠂ ᠡᠮᠦᠨ᠎ᠡ ᠨᠢ ᠨᠢᠭᠡᠨ ᠴᠢᠨᠣ᠎ᠠ ᠬᠦᠷᠴᠦ ᠢᠷᠡᠵᠡᠢ᠃ ᠲᠡᠷᠡ ᠪᠡᠷ ᠬᠠᠭᠠᠨ ᠡᠵᠡᠨ ᠦ᠌ ᠡᠮᠦᠨ᠎ᠡ ᠨᠠᠭᠠᠰᠢ ᠴᠠᠭᠠᠰᠢ ᠠᠯᠬᠤᠨ᠂ ᠬᠥᠮᠦᠨ ᠦ᠌ ᠬᠡᠯᠡ ᠪᠡᠷ ᠶᠠᠷᠢᠵᠤ᠂
    —ᠬᠡᠳᠦᠨ ᠠᠯᠲᠠ ᠶ᠋ᠢᠨ ᠭᠠᠵᠠᠷ ᠲᠤ ᠭᠡᠷᠦᠨ ᠳᠠᠭᠠᠬᠤ ᠦᠬᠦᠯ ᠬᠠᠭᠠᠨ ᠪᠢᠳᠡ ᠬᠣᠶᠠᠷ ᠢ᠋ ᠠᠳᠠᠯᠢᠬᠠᠨ ᠳᠠᠭᠠᠨ᠎ᠠ᠃ ᠬᠣᠶᠠᠷ ᠠᠮᠢ ᠡᠰᠡᠪᠡᠯ ᠠᠮᠢᠳᠤ᠂ ᠡᠰᠡᠪᠡᠯ ᠠᠮᠢ ᠦᠭᠡᠢ ᠪᠣᠯᠤᠨ᠎ᠠ ᠃ ᠠᠮᠢ ᠶ᠋ᠢ ᠮᠢᠨᠢ ᠬᠠᠮᠠᠭᠠᠯᠠ᠂ ᠠᠮᠢ ᠶ᠋ᠢ ᠮᠢᠨᠢ ᠦᠯᠦ ᠬᠠᠮᠠᠭᠠᠯᠠᠬᠤ ᠠᠪᠠᠰᠤ ᠬᠠᠭᠠᠨ ᠤ᠋ ᠠᠮᠢ ᠦᠭᠡᠢ ᠪᠣᠯᠤᠨ᠎ᠠ ᠭᠡᠮᠡᠨ ᠬᠥᠮᠦᠨ ᠦ᠌ ᠬᠡᠯᠡ ᠪᠡᠷ ᠬᠡᠯᠡᠬᠦ ᠳᠦ ᠮᠥᠩᠬᠡ ᠲᠡᠭᠷᠢ ᠶ᠋ᠢᠨ ᠳᠠᠭᠤ ᠨᠠᠮᠰᠠᠨ᠂ ᠬᠤᠢᠯᠠᠷᠠᠨ ᠪᠠᠢᠭᠰᠠᠨ ᠡᠭᠦᠯᠡ ᠢᠷᠠᠭᠳᠠᠭᠠᠳ ᠥᠨᠥᠬᠢ ᠴᠢᠨᠣ᠎ᠠ ᠭᠡᠳᠡᠷᠭᠦ ᠡᠷᠭᠢᠨ ᠲᠡᠷᠡ ᠵᠦᠭ ᠲᠦ᠍ ᠰᠢᠩᠭᠡᠨ ᠠᠯᠠᠭ᠎ᠠ ᠪᠣᠯᠤᠯ᠎ᠠ ᠭᠡᠵᠦ ᠵᠡᠭᠦᠳᠦᠯᠡᠵᠡᠢ᠃ ᠡᠨᠡ ᠰᠣᠨᠢᠨ ᠵᠡᠭᠦᠳᠦᠨ ᠦ᠌ ᠬᠠᠷᠢᠭᠤ ᠶ᠋ᠢ ᠤᠬᠠᠨ ᠪᠠᠢᠬᠤ ᠦᠶᠡᠰ ᠲᠦ᠍ ᠮᠠᠷᠭᠠᠰᠢ ᠥᠷᠯᠥᠭᠡ ᠨᠢ《ᠬᠠᠭᠠᠨ ᠤ᠋ ᠬᠣᠨᠢᠨ ᠰᠦᠷᠦᠭ ᠡᠴᠡ ᠵᠠᠭᠤᠨ ᠬᠣᠨᠢ ᠴᠢᠨᠣ᠎ᠠ ᠳ᠋ᠤ᠌ ᠪᠠᠷᠢᠭᠤᠯᠵᠠᠢ》 ᠭᠡᠰᠡᠨ ᠱᠤᠤᠭᠢᠶᠠᠨ ᠳᠡᠭᠳᠡᠵᠦ᠂ ᠬᠡᠨ ᠬᠥᠮᠦᠨ ᠦᠭᠡᠢ ᠰᠠᠨᠳᠤᠷᠤᠯᠳᠤᠨ ᠡᠢᠮᠦ ᠶᠡᠬᠡ ᠬᠣᠨᠢ ᠶ᠋ᠢ ᠨᠢᠭᠡ ᠰᠥᠨᠢ ᠶ᠋ᠢᠨ ᠳᠣᠲᠣᠷ᠎ᠠ ᠴᠢᠨᠣ᠎ᠠ ᠳ᠋ᠤ᠌ ᠪᠠᠷᠢᠭᠤᠯᠵᠤ ᠪᠠᠢᠳᠠᠭ ᠤᠩᠬᠢᠶ᠎ᠠ ᠦᠭᠡᠢ ᠮᠠᠯᠴᠢᠨ ᠴᠣᠬᠣᠮ ᠬᠡᠨ ᠪᠠᠢᠭᠰᠠᠨ ᠢ᠋ ᠣᠯᠵᠤ ᠮᠡᠳᠡᠨ᠂ ᠳᠠᠭᠤᠳᠠᠨ ᠢᠷᠡᠭᠦᠯᠬᠦ ᠶ᠋ᠢ ᠥᠭᠡᠳᠡᠢ ᠬᠠᠭᠠᠨ ᠲᠤᠰᠢᠶᠠᠭᠰᠠᠨ  ᠪᠠᠢᠪᠠ᠃ ᠬᠡᠰᠡᠭ ᠬᠤᠭᠤᠴᠠᠭ᠎ᠠ ᠥᠩᠭᠡᠷᠡᠬᠦ ᠳᠦ ᠬᠠᠭᠠᠨ ᠤ᠋ ᠡᠮᠦᠨ᠎ᠡ ᠨᠢᠭᠡᠨ ᠨᠣᠣᠷᠬᠠᠢ ᠬᠦᠦ ᠶ᠋ᠢ ᠠᠪᠴᠢᠷᠠᠭᠤᠯᠤᠨ ᠰᠥᠭᠥᠳᠦᠭᠦᠯᠵᠦ ᠣᠩᠭᠢᠶ᠎ᠠ ᠦᠭᠡᠢ ᠮᠠᠯᠴᠢᠨ ᠡᠨᠡ ᠬᠦᠦ ᠪᠠᠢᠭᠰᠠᠨ ᠪᠣᠯᠬᠤ ᠶ᠋ᠢ ᠢᠯᠡᠳᠬᠡᠬᠦ ᠳ᠋ᠦ᠍ ᠥᠭᠡᠳᠡᠢ ᠬᠥᠬᠢᠭᠦᠨ ᠢ᠋ᠶ᠋ᠡᠷ ᠢᠨᠢᠶᠡᠵᠦ᠂ ᠬᠦᠦ ᠶ᠋ᠢ ᠠᠪᠴᠢᠷᠠᠭᠰᠠᠨ ᠬᠥᠮᠦᠰ ᠡᠴᠡ᠂
    — ᠲᠡᠷᠡ ᠴᠢᠨᠣ᠎ᠠ ᠶᠠᠭᠠᠬᠢᠭᠰᠠᠨ ᠪᠣᠢ ᠭᠡᠵᠦ ᠠᠰᠠᠭᠤᠯ᠎ᠠ᠃
    —ᠲᠡᠷᠡ ᠴᠢᠨᠣ᠎ᠠ ᠶᠠᠭᠠᠬᠢᠭᠰᠠᠨ ᠪᠣᠢ ᠭᠡᠵᠦ ᠠᠰᠠᠭᠤᠯ᠎ᠠ᠃
    —ᠲᠡᠷᠡ ᠴᠢᠨᠣ᠎ᠠ ᠨᠢᠭᠡᠨ ᠰᠥᠨᠢ ᠶ᠋ᠢᠨ ᠳᠣᠲᠣᠷ᠎ᠠ ᠵᠠᠭᠤᠨ ᠬᠣᠨᠢ ᠪᠠᠷᠢᠵᠤ ᠢᠳᠡᠭᠡᠳ᠂ ᠢᠳᠡ ᠬᠠᠪᠤ ᠪᠠᠨ ᠭᠠᠢᠬᠠᠭᠤᠯᠤᠨ ᠣᠳᠴᠠᠢ ᠭᠡᠬᠦ ᠳ᠋ᠦ᠍ ᠬᠠᠭᠠᠨ ᠮᠠᠰᠢᠳᠠ ᠪᠠᠶᠠᠷᠲᠠᠢ ᠪᠠᠷ᠄
       —ᠲᠠᠯ᠎ᠠ ᠶ᠋ᠢᠨ ᠬᠥᠬᠡ ᠴᠢᠨᠣ᠎ᠠ ᠶ᠋ᠢᠨ ᠬᠡᠢ ᠮᠣᠷᠢ ᠶᠡᠬᠡ᠂ᠪᠢᠳᠡ ᠪᠦᠭᠦᠳᠡᠭᠡᠷ ᠢ᠋ᠶ᠋ᠡᠨ ᠬᠡᠢ ᠮᠣᠷᠢ ᠲᠠᠢ ᠤᠯᠤᠰ ᠪᠢᠯᠡ᠃ ᠪᠥᠷᠲᠡ ᠴᠢᠨᠣ᠎ᠠ ᠶ᠋ᠢᠨ ᠤᠳᠤᠮᠲᠤ ᠮᠣᠩᠭᠣᠯ ᠲᠦᠮᠡᠨ ᠢ᠋ ᠡᠨᠡ ᠤᠳᠠᠭ᠎ᠠ ᠲᠡᠭᠷᠢ ᠢᠪᠡᠭᠡᠵᠡᠢ ᠭᠡᠵᠦ ᠬᠡᠯᠡᠬᠦ ᠳᠦ ᠪᠡᠶ᠎ᠡ ᠪᠠᠢᠳᠠᠯ ᠨᠢ ᠨᠡᠯᠢᠶᠡᠳ ᠳᠡᠭᠡᠷᠡᠳᠡᠭᠰᠡᠨ ᠬᠠᠷᠠᠭᠳᠠᠨ᠎ᠠ᠃ ᠲᠡᠷᠡ ᠡᠮᠦᠨ᠎ᠡ ᠪᠠᠢᠭ᠎ᠠ ᠬᠦᠦ ᠶ᠋ᠢ ᠵᠢᠭᠠᠨ᠂
      —ᠡᠨᠡ ᠬᠦᠦ ᠶ᠋ᠢ ᠳᠡᠭᠡᠭᠰᠢ ᠡᠷᠭᠦᠨ ᠪᠤᠰᠬ᠎ᠠ᠂ ᠲᠡᠭᠦᠨ ᠦ᠌ ᠤᠷᠢᠳ ᠰᠥᠨᠢ ᠴᠢᠨᠣ᠎ᠠ ᠳ᠋ᠤ᠌ ᠪᠠᠷᠢᠭᠤᠯᠤᠭᠰᠠᠨ ᠵᠠᠭᠤᠨ ᠬᠣᠨᠢ ᠶ᠋ᠢ ᠨᠢ ᠨᠥᠬᠥᠨ ᠥᠭᠴᠦ᠂ ᠳᠡᠭᠡᠷ᠎ᠡ ᠨᠢ ᠬᠠᠭᠠᠨ ᠤ᠋ ᠰᠠᠩ ᠠ᠋ᠴᠠ ᠪᠡᠯᠡᠭ ᠱᠠᠩ ᠬᠦᠷᠲᠡᠭᠡᠵᠦ᠂ ᠶᠠᠯ᠎ᠠ ᠦᠭᠡᠢ ᠪᠣᠯᠭᠠᠨ ᠶᠠᠪᠤᠭᠤᠯ ᠭᠡᠮᠡᠨ ᠵᠠᠷᠯᠢᠭᠳᠠᠬᠤ ᠳ᠋ᠤ᠌ ᠬᠠᠭᠠᠨ ᠤ᠋ ᠠᠯᠪᠠᠲᠤ ᠨᠤᠭᠤᠳ ᠭᠠᠢᠬᠠᠨ ᠡᠨᠡ ᠦᠭᠡ ᠶ᠋ᠢ ᠡᠰᠡᠷᠭᠦᠴᠡᠬᠦ ᠬᠦᠰᠡᠯ ᠲᠡᠢ ᠪᠠᠢᠭᠰᠠᠨ ᠴᠤ᠌ ᠨᠢᠭᠡᠨᠲᠡ ᠬᠠᠭᠠᠨ ᠡᠵᠡᠨ ᠵᠠᠷᠯᠢᠭ ᠪᠠᠭᠤᠯᠭᠠᠭᠰᠠᠨ ᠲᠤᠯᠠ ᠬᠦᠦ ᠳᠦ ᠵᠠᠭᠤᠨ ᠬᠣᠨᠢ
ᠨᠥᠬᠥᠨ ᠥᠭᠴᠦ ᠲᠠᠯᠪᠢᠵᠤ ᠶᠠᠪᠤᠭᠤᠯᠵᠠᠢ᠃
    ᠬᠠᠭᠠᠨ ᠤ᠋ ᠬᠡᠰᠢᠭ ᠬᠡᠴᠢᠨᠡᠨ ᠥᠭᠭᠢᠶᠡᠮᠦᠷ ᠴᠦ᠍ ᠴᠢᠨᠣ᠎ᠠ ᠳ᠋ᠤ᠌ ᠪᠠᠷᠢᠭᠤᠯᠤᠭᠰᠠᠨ ᠵᠠᠭᠤᠨ ᠬᠣᠨᠢᠨ ᠤ᠋ ᠣᠷᠣᠨ ᠳ᠋ᠤᠨᠢ ᠳᠠᠬᠢᠭᠠᠳ ᠵᠠᠭᠤᠨ ᠬᠣᠨᠢ ᠮᠠᠯᠴᠢᠨ ᠬᠦᠦ ᠳ᠋ᠦ᠍ ᠨᠥᠬᠥᠨ ᠣᠯᠭᠣᠵᠤ᠂ ᠳᠡᠭᠡᠷ᠎ᠡ ᠡᠴᠡ ᠨᠢ ᠱᠠᠩ ᠬᠠᠷᠠᠮᠵᠢ ᠥᠭᠭᠦᠨ᠎ᠡ ᠭᠡᠳᠡᠭ ᠦᠨᠡᠬᠡᠷ ᠦ᠋ᠨ ᠪᠠᠢᠵᠤ ᠪᠣᠯᠤᠮ᠎ᠠ ᠦᠭᠡᠢ ᠬᠡᠷᠡᠭ ᠪᠣᠯᠪᠠ᠃ ᠲᠡᠭᠦᠨ ᠦ᠌ ᠳᠠᠷᠠᠭᠠᠬᠠᠨ ᠬᠠᠭᠠᠨ ᠤ᠋ ᠦᠷᠭᠦᠭᠡᠨ ᠳ᠋ᠦ᠍ ᠪᠠᠰᠠ ᠨᠢᠭᠡᠨ ᠬᠥᠮᠦᠨ ᠣᠷᠣᠵᠤ ᠢᠷᠡᠯ᠎ᠡ᠃
    —ᠮᠠᠨ ᠤ᠋ ᠬᠢᠨ ᠮᠥᠨᠥᠬᠢ ᠴᠢᠨᠣ᠎ᠠ ᠶ᠋ᠢ ᠪᠠᠷᠢᠭᠠᠳ ᠢᠷᠡᠵᠡᠢ ᠬᠡᠮᠡᠬᠦ ᠳ᠋ᠦ᠍ ᠬᠠᠭᠠᠨ ᠡᠵᠡᠨ ᠬᠢᠯᠢᠩᠨᠡᠵᠦ᠂
    —ᠡᠪᠦᠭᠡ ᠳᠡᠭᠡᠳᠦᠰ ᠦ᠋ᠨ ᠬᠡᠢ ᠮᠣᠷᠢ ᠰᠦᠯᠳᠡ ᠪᠣᠯᠤᠭᠰᠠᠨ ᠴᠢᠨᠣ᠎ᠠ ᠶ᠋ᠢ ᠠᠯᠠᠬᠤ ᠶᠣᠰᠣ ᠦᠭᠡᠢ᠂ ᠲᠡᠷᠡ ᠴᠢᠨᠣ᠎ᠠ ᠶ᠋ᠢ ᠣᠳᠣᠬᠠᠨ ᠲᠠᠯ᠎ᠠ ᠳ᠋ᠤᠨᠢ ᠲᠠᠯᠪᠢᠨ ᠶᠠᠪᠤᠭᠤᠯ ᠭᠡᠰᠡᠨ ᠵᠠᠷᠯᠢᠭ ᠥᠭᠴᠦ ᠭᠠᠷᠭᠠᠯ᠎ᠠ᠃ ᠬᠠᠭᠠᠨ ᠡᠵᠡᠨ ᠡᠨᠡ ᠲᠤᠰᠢᠶᠠᠯ ᠢ᠋ ᠦᠭᠭᠦᠭᠰᠡᠨ ᠦ᠌ ᠳᠠᠷᠠᠭ᠎ᠠ ᠦᠷᠭᠦᠭᠡᠨ᠎ᠡ ᠰᠡᠳᠬᠢᠯ ᠠᠮᠤᠷ ᠰᠠᠭᠤᠵᠤ᠂ ᠤᠷᠢᠳ ᠰᠥᠨᠢ ᠶ᠋ᠢᠨ ᠵᠡᠭᠦᠳᠦ ᠂ ᠲᠠᠯ᠎ᠠ ᠨᠤᠲᠤᠭ ᠤ᠋ᠨ ᠴᠢᠨᠣ᠎ᠠ ᠬᠢᠭᠡᠳ ᠬᠠᠭᠠᠨ ᠡᠵᠡᠨ ᠦ᠌ ᠬᠡᠢ ᠮᠣᠷᠢ ᠰᠦᠯᠳᠡ ᠶ᠋ᠢᠨ ᠲᠤᠬᠠᠢ ᠡᠷᠭᠢᠴᠡᠭᠦᠯᠦᠨ ᠪᠣᠳᠣᠵᠤ ᠪᠠᠢᠲᠠᠯ᠎ᠠ ᠭᠠᠳᠠᠨ᠎ᠠ ᠠ᠋ᠴᠠ ᠠᠬᠢᠨ ᠨᠢᠭᠡ ᠬᠥᠮᠦᠨ ᠣᠷᠣᠵᠤ ᠢᠷᠡᠯ᠎ᠡ᠃
    — ᠨᠥᠭᠦᠭᠡ ᠴᠢᠨᠣ᠎ᠠ ᠶ᠋ᠢ ᠬᠠᠭᠠᠨ ᠤ᠋ ᠵᠠᠷᠯᠢᠭ ᠢ᠋ᠶ᠋ᠠᠷ ᠰᠤᠯᠠᠯᠠᠨ ᠶᠠᠪᠤᠭᠤᠯᠲᠠᠯ᠎ᠠ ᠲᠡᠷᠡ ᠨᠣᠬᠠᠳ ᠲᠤ ᠪᠠᠷᠢᠭᠤᠯᠤᠨ ᠦᠬᠦᠵᠡᠢ ᠃ ᠴᠢᠨᠣ᠎ᠠ ᠪᠠᠢᠲᠠᠯ᠎ᠠ ᠪᠠᠨ ᠨᠣᠬᠠᠳ ᠲᠤ ᠪᠠᠷᠢᠭᠤᠯᠤᠨ ᠦᠬᠦᠵᠦ ᠪᠠᠢᠳᠠᠭ ᠶᠠᠭᠠᠬᠢᠭᠰᠠᠨ ᠲᠩᠷᠢ ᠦᠭᠡᠢ ᠠᠮᠢᠲᠠᠨ ᠪᠣᠢ ᠭᠡᠪᠡ᠃
ᠮᠥᠨᠥᠬᠢ ᠴᠢᠨᠣ᠎ᠠ ᠨᠣᠬᠠᠳ ᠲᠤ᠌ ᠪᠠᠷᠢᠭᠤᠯᠤᠨ ᠦᠬᠦᠭᠰᠡᠨ ᠲᠤᠬᠠᠢ ᠮᠡᠳᠡᠭᠡ ᠶ᠋ᠢ ᠰᠣᠨᠣᠰᠤᠭᠠᠳ ᠥᠭᠡᠳᠡᠢ ᠬᠠᠭᠠᠨ ᠤ᠋ ᠰᠡᠳᠬᠢᠯ ᠬᠢᠮᠤᠷᠠᠵᠤ ᠡᠬᠢᠯᠡᠪᠡ᠃ ᠲᠠᠯ᠎ᠠ ᠨᠤᠲᠤᠭ ᠤ᠋ᠨ ᠬᠠᠭᠠᠨ ᠲᠠᠢ ᠠᠮᠢ ᠨᠢᠭᠡ᠂ ᠲᠠᠯ᠎ᠠ ᠶ᠋ᠢᠨ ᠬᠥᠬᠡ ᠴᠢᠨᠣ᠎ᠠ ᠥᠨᠥ ᠨᠣᠬᠠᠳ ᠲᠤ᠌ ᠪᠠᠷᠢᠭᠤᠯᠤᠨ ᠠᠮᠢ ᠲᠠᠰᠤᠷᠠᠭᠰᠠᠨ ᠮᠡᠳᠡᠭᠡ ᠬᠡᠴᠢᠨᠡᠭᠡᠨ ᠬᠠᠷᠠᠮᠰᠠᠯ ᠲᠠᠢ ᠰᠣᠨᠣᠰᠤᠭᠳᠠᠨ᠎ᠠ ᠪᠣᠢ᠃ ᠬᠠᠭᠠᠨ ᠶᠡᠬᠡᠳᠡ ᠬᠠᠷᠠᠭᠤᠰᠴᠤ᠂
    — ᠲᠩᠷᠢ ᠵᠠᠶᠠᠭᠠᠲᠤ ᠬᠠᠭᠠᠨ ᠡᠵᠡᠨ ᠠᠲᠠᠯ᠎ᠠ ᠪᠢ ᠲᠡᠭᠦᠨ ᠦ᠌ ᠠᠮᠢ ᠶ᠋ᠢ ᠬᠠᠮᠠᠭᠠᠯᠠᠵᠤ ᠴᠢᠳᠠᠭᠰᠠᠨ ᠦᠭᠡᠢ ᠠᠯᠳᠠᠯ᠎ᠠ ᠬᠡᠮᠡᠪᠡ᠃
ᠬᠠᠭᠠᠨ ᠡᠵᠡᠨ ᠡᠢᠮᠦ ᠬᠠᠴᠢᠨ ᠶᠠᠭᠤᠮ᠎ᠠ ᠶᠠᠷᠢᠨ ᠰᠠᠭᠤᠬᠤ ᠶ᠋ᠢ ᠬᠠᠷᠠᠭᠰᠠᠨ ᠪᠥᠬᠡ ᠲᠥᠯᠭᠡᠴᠢᠳ ᠲᠠᠭᠠᠪᠤᠷᠢᠯᠠᠬᠤ ᠳ᠋ᠠᠭᠠᠨ᠂
    — ᠬᠠᠭᠠᠨ ᠡᠵᠡᠨ ᠦ᠌ ᠪᠡᠶ᠎ᠡ ᠨᠢ ᠠᠯᠵᠢᠶᠠᠵᠤ᠂ ᠲᠡᠷᠡ ᠨᠢ ᠤᠬᠠᠭᠠᠨ ᠳ᠋ᠤᠨᠢ ᠬᠦᠷᠴᠡᠢ᠃ ᠪᠡᠶ᠎ᠡ᠂ ᠤᠬᠠᠭᠠᠨ ᠬᠣᠶᠠᠷ ᠨᠢ ᠵᠡᠷᠭᠡ ᠠᠯᠵᠢᠶᠠᠭᠰᠠᠨ ᠬᠠᠭᠠᠨ ᠡᠵᠡᠨ ᠢ᠋ ᠶᠠᠭᠠᠬᠢᠯᠲᠠᠢ ᠭᠡᠮᠡᠨ ᠰᠠᠨᠳᠤᠷᠤᠯᠳᠤᠨ᠎ᠠ᠃
    ᠥᠭᠡᠳᠡᠢ ᠬᠠᠭᠠᠨ 《ᠨᠢᠭᠡᠨᠲᠡ ᠢᠷᠡᠬᠦ ᠦᠢᠯᠡ ᠶ᠋ᠢ ᠶᠠᠭᠠᠬᠢᠯᠲᠠᠢ᠂ ᠮᠥᠩᠬᠡ ᠲᠩᠷᠢ ᠨᠠᠮᠠᠶ᠋ᠢ ᠳᠠᠭᠤᠳᠠᠵᠤ ᠪᠠᠢᠭ᠎ᠠ ᠪᠣᠯ ᠪᠤᠴᠠᠬᠤ ᠴᠠᠭ ᠨᠢ ᠪᠣᠯᠵᠠᠢ᠃ ᠪᠦᠬᠦᠨ ᠢ᠋ ᠮᠡᠳᠡᠭᠴᠢ ᠬᠠᠭᠠᠨ ᠬᠥᠮᠦᠨ ᠴᠦ᠍ ᠮᠥᠩᠬᠡ ᠲᠩᠷᠢ ᠶ᠋ᠢᠨ ᠵᠠᠷᠯᠢᠭ ᠢ᠋ ᠵᠥᠷᠢᠴᠡᠵᠦ ᠦᠯᠦ ᠪᠣᠯᠬᠤ ᠶᠤᠮ ᠳᠠ》 ᠭᠡᠮᠡᠨ ᠪᠣᠳᠣᠨ᠎ᠠ᠃ ᠬᠠᠭᠠᠨ ᠡᠵᠡᠨ ᠥᠪᠡᠷ ᠦ᠋ᠨ ᠪᠤᠴᠠᠬᠤ ᠴᠠᠭ ᠢᠷᠡᠭᠰᠡᠨ ᠭᠡᠳᠡᠭ ᠲᠦ᠍ ᠲᠤᠢᠯᠪᠤᠷᠢ ᠲᠠᠢ ᠢᠲᠡᠭᠡᠵᠦ ᠪᠠᠢᠭᠰᠠᠨ ᠲᠤᠯᠠ ᠥᠪᠡᠷ ᠦ᠋ᠨ ᠳᠠᠷᠠᠭ᠎ᠠ ᠶᠡᠬᠡ ᠮᠣᠩᠭᠣᠯ ᠤᠯᠤᠰ ᠤ᠋ᠨ ᠬᠤᠪᠢ ᠵᠠᠶᠠᠭ᠎ᠠ ᠬᠡᠷᠬᠢᠬᠦ ᠶ᠋ᠢ ᠰᠡᠳᠬᠢᠨ ᠪᠣᠳᠣᠯ ᠤᠬᠠᠭᠠᠨ ᠢ᠋ᠶ᠋ᠠᠨ ᠴᠢᠯᠡᠭᠡᠵᠦ᠂ ᠨᠢᠭᠡᠨ ᠴᠠᠭ ᠲᠤ᠌ ᠡᠴᠢᠭᠡ ᠬᠠᠭᠠᠨ ᠥᠪᠡᠷ ᠦ᠋ᠨ ᠳᠠᠷᠠᠭ᠎ᠠ ᠬᠠᠭᠠᠨ ᠣᠷᠣ ᠵᠠᠯᠭᠠᠬᠤ ᠬᠥᠮᠦᠨ ᠭᠡᠵᠦ ᠲᠡᠭᠦᠨ ᠢ᠋ ᠰᠣᠩᠭᠣᠨ ᠬᠡᠯᠡᠵᠦ ᠪᠠᠢᠭᠰᠠᠨᠴᠢᠯᠠᠨ᠂ ᠳᠠᠷᠠᠭ᠎ᠠ ᠶ᠋ᠢᠨ ᠬᠠᠭᠠᠨ ᠣᠷᠣ ᠵᠠᠯᠭᠠᠬᠤ ᠬᠥᠮᠦᠨ ᠢ᠋ ᠰᠣᠩᠭᠣᠨ ᠬᠡᠯᠡᠯᠴᠡᠬᠦ ᠴᠠᠭ ᠪᠣᠯᠤᠭᠰᠠᠨ ᠢ᠋ ᠤᠬᠠᠭᠠᠷᠠᠪᠠ᠃
        ᠤᠯᠠᠷᠢᠨ ᠣᠳᠬᠤ ᠣᠨ ᠴᠠᠭ ᠥᠪᠡᠷ ᠦ᠋ᠨ ᠬᠡᠮᠨᠡᠯ ᠢ᠋ᠶ᠋ᠡᠷ ᠪᠦᠬᠦᠨ ᠢ᠋ ᠡᠯᠡᠭᠡᠳᠡᠭ ᠴᠦ᠍ ᠮᠠᠷᠲᠠᠬᠤ ᠤᠴᠢᠷ ᠦᠭᠡᠢ ᠦᠨᠡᠨ ᠭᠡᠵᠦ ᠪᠣᠢ᠃ ᠲᠡᠷᠡ ᠨᠢᠭᠡᠨ ᠴᠠᠭ ᠲᠤ《ᠤᠷᠤᠭ ᠤ᠋ᠨ ᠬᠥᠮᠦᠨ ᠢ᠋ᠶ᠋ᠡᠷ ᠵᠣᠯᠢᠶ᠎ᠠ ᠡᠷᠭᠦ》 ᠭᠡᠰᠡᠨ ᠬᠠᠴᠢᠨ ᠦᠭᠡᠰ ᠰᠣᠨᠣᠰᠤᠭᠳᠠᠨ ᠪᠠᠢᠭᠰᠠᠨ ᠢ᠋ᠶ᠋ᠠᠨ ᠤᠷᠤᠭ ᠤ᠋ᠨ ᠬᠥᠮᠦᠨ ᠢ᠋ ᠴᠦ᠍ ᠠᠪᠬᠤ ᠦᠭᠡᠢ᠂《ᠬᠠᠭᠠᠨ ᠢ᠋ ᠣᠷᠣᠯᠠᠬᠤ ᠬᠥᠮᠦᠨ ᠬᠠᠭᠠᠨ ᠯᠠ ᠪᠠᠢᠳᠠᠭ ᠶᠤᠮ》 ᠭᠡᠰᠡᠨ ᠲᠣᠯᠣᠭᠠᠢ ᠭᠠᠰᠢᠯᠭᠠᠭᠰᠠᠨ ᠦᠭᠡᠰ ᠢ᠋ ᠵᠠᠷᠢᠮ ᠪᠥᠬᠡ ᠢᠳᠤᠭᠠᠨ ᠨᠤᠭᠤᠳ ᠬᠡᠯᠡᠵᠦ ᠪᠠᠢᠭᠰᠠᠨ ᠦᠶ᠎ᠡ ᠳ᠋ᠦ᠍ ᠬᠡᠷᠡᠭ ᠶᠠᠪᠤᠳᠠᠯ ᠨᠢᠳᠦᠨ ᠦ᠌ ᠡᠮᠦᠨ᠎ᠡ ᠥᠭᠡᠷᠡᠴᠢᠯᠡᠭᠳᠡᠨ᠂ ᠨᠢᠭᠡ ᠯᠡ ᠮᠡᠳᠡᠬᠦᠨ᠎ᠡ ᠬᠠᠭᠠᠨ ᠤ᠋ ᠬᠠᠢᠷᠠᠲᠠᠢ ᠳᠡᠭᠦᠦ ᠲᠤᠯᠤᠢ ᠥᠪᠡᠷ ᠢ᠋ ᠪᠡᠨ ᠲᠠᠯ᠎ᠠ ᠨᠤᠲᠤᠭ ᠤ᠋ᠨ ᠬᠠᠭᠠᠨ ᠭᠡᠮᠡᠨ ᠡᠷᠭᠦᠮᠵᠢᠯᠡᠨ᠂ ᠶᠠᠭᠠᠬᠢᠬᠤ ᠡᠢᠬᠦ ᠶ᠋ᠢᠨ ᠵᠠᠭᠤᠷ᠎ᠠ ᠦᠭᠡᠢ ᠬᠠᠭᠠᠨ ᠠᠬ᠎ᠠ ᠶ᠋ᠢᠨ ᠢ᠋ᠶ᠋ᠡᠨ ᠡᠮᠦᠨ᠎ᠡ ᠡᠴᠡ ᠲᠩᠷᠢ ᠪᠣᠯᠤᠨ ᠣᠳᠤᠭᠰᠠᠨ ᠪᠢᠯᠡ᠃ ᠳᠠᠷᠠᠭ᠎ᠠ ᠨᠢ ᠬᠠᠭᠠᠨ ᠡᠵᠡᠨ ᠦ᠌ ᠪᠡᠶ᠎ᠡ ᠢᠯᠠᠷᠢᠰᠢᠨ᠂ ᠮᠥᠨᠥᠬᠢ ᠴᠢᠨᠣ᠎ᠠ ᠴᠤ᠌ ᠳᠠᠬᠢᠨ ᠵᠡᠭᠦᠳᠦᠨ ᠳ᠋ᠦ᠍ ᠢᠷᠡᠭᠰᠡᠨ ᠦᠭᠡᠢ᠂ ᠮᠥᠩᠬᠡ ᠲᠩᠷᠢ ᠶ᠋ᠢᠨ ᠢᠯᠡᠭᠡᠭᠰᠡᠨ ᠦᠬᠦᠯ ᠢ᠋ ᠬᠦᠷᠲᠡᠯ᠎ᠡ ᠠᠬ᠎ᠠ ᠶ᠋ᠢᠨ ᠢ᠋ᠶ᠋ᠡᠨ ᠡᠮᠦᠨ᠎ᠡ ᠡᠴᠡ ᠡᠭᠦᠷᠦᠨ ᠣᠳᠤᠭᠰᠠᠨ ᠲᠤᠯᠤᠢ ᠪᠣᠯ ᠥᠭᠡᠳᠡᠢ ᠬᠠᠭᠠᠨ ᠤ᠋ ᠵᠢᠷᠦᠬᠡ ᠰᠡᠳᠬᠢᠯ ᠦ᠋ᠨ ᠬᠠᠮᠤᠭ ᠤ᠋ᠨ ᠬᠥᠨᠳᠡᠭᠦᠷ ᠭᠠᠵᠠᠷ ᠲᠤ ᠥᠪᠡᠷ ᠢ᠋ ᠪᠡᠨ ᠮᠥᠩᠬᠡᠳᠡ ᠦᠯᠡᠳᠡᠭᠡᠭᠡᠳ ᠶᠠᠪᠤᠭᠰᠠᠨ ᠲᠤᠯᠠ ᠬᠠᠭᠠᠨ ᠤ᠋ ᠰᠡᠳᠬᠢᠯ ᠳ᠋ᠦ᠍ ᠪᠣᠢ ᠲᠡᠷᠡ ᠰᠢᠷᠬ᠎ᠠ ᠦᠷᠭᠦᠯᠵᠢ ᠰᠠᠳᠠᠷᠠᠨ ᠪᠠᠢᠬᠤ ᠪᠣᠯᠵᠠᠢ᠃
    ᠲᠡᠷᠡ ᠰᠥᠨᠢ ᠶ᠋ᠢᠨ ᠵᠡᠭᠦᠳᠦᠨ ᠳ᠋ᠦ᠍ ᠢᠷᠡᠭᠰᠡᠨ ᠲᠠᠯ᠎ᠠ ᠶ᠋ᠢᠨ ᠬᠥᠬᠡ ᠴᠢᠨᠣ᠎ᠠ᠂ ᠲᠠᠯ᠎ᠠ ᠶ᠋ᠢᠨ ᠬᠠᠭᠠᠨ ᠬᠣᠶᠠᠷ ᠤ᠋ᠨ ᠠᠮᠢ ᠨᠢᠭᠡ ᠭᠡᠵᠦ ᠬᠡᠯᠡᠵᠦ ᠪᠠᠢᠭᠰᠠᠨ ᠦᠭᠡᠰ᠂ ᠪᠥᠬᠡ ᠢᠳᠤᠭᠠᠨ ᠨᠤᠭᠤᠳ ᠤ᠋ᠨ ᠲᠩᠷᠢ ᠲᠡᠢ ᠶᠠᠷᠢᠨ《ᠬᠠᠭᠠᠨ ᠡᠵᠡᠨ ᠢ᠋ ᠯᠡ ᠠᠪᠴᠤ ᠶᠠᠪᠤᠬᠤ ᠪᠣᠯᠤᠨ᠎ᠠ》 ᠭᠡᠵᠦ ᠬᠡᠯᠡᠭᠡᠳ《ᠬᠠᠭᠠᠨ ᠢ᠋ ᠣᠷᠣᠯᠠᠬᠤ ᠬᠥᠮᠦᠨ ᠬᠠᠭᠠᠨ ᠪᠠᠢᠳᠠᠭ ᠶᠤᠮ》 ᠭᠡᠵᠦ ᠪᠠᠭᠤᠵᠤ ᠪᠠᠢᠭᠰᠠᠨ ᠢ᠋ ᠨᠡᠬᠡᠨ ᠰᠠᠨᠠᠵᠤ᠂ ᠥᠪᠡᠷ ᠦ᠋ᠨ ᠬᠢᠨᠢ ᠡᠮᠦᠨ᠎ᠡ ᠡᠴᠡ ᠵᠣᠯᠢᠶ᠎ᠠ ᠪᠣᠯᠤᠨ ᠣᠳᠤᠭᠰᠠᠨ ᠳᠡᠭᠦᠦ ᠨᠢ ᠲᠡᠭᠦᠨ ᠦ᠌ ᠭᠠᠷ ᠳᠡᠭᠡᠷ᠎ᠡ ᠡᠴᠦᠰ ᠦ᠋ᠨ ᠠᠮᠢᠰᠬᠤᠯ ᠢ᠋ᠶ᠋ᠠᠨ ᠬᠤᠷᠢᠶᠠᠬᠤ ᠳ᠋ᠠᠭᠠᠨ《ᠪᠢ ᠬᠠᠭᠠᠨ ᠪᠠᠢᠵᠠᠢ》 ᠭᠡᠵᠦ ᠬᠡᠯᠡᠵᠦ ᠪᠠᠢᠭᠰᠠᠨ ᠦᠭᠡᠰ ᠢ᠋ ᠰᠠᠨᠠᠬᠤᠢ ᠳ᠋ᠤ᠌ ᠥᠭᠡᠳᠡᠢ ᠬᠠᠭᠠᠨ ᠬᠠᠷᠠᠬᠣᠷᠣᠮ ᠤ᠋ᠨ ᠬᠠᠵᠠᠭᠤ ᠪᠠᠷ ᠤᠷᠤᠰᠬᠤ ᠣᠷᠬᠣᠨ ᠭᠣᠣᠯ ᠤ᠋ᠨ ᠬᠦᠪᠡᠭᠡᠨ᠎ᠡ ᠶᠠᠪᠤᠭᠤᠯ ᠤ᠋ᠨ ᠦᠷᠭᠦᠭᠡᠨ ᠳ᠋ᠡᠭᠡᠨ ᠵᠠᠯᠠᠷᠠᠨ ᠪᠠᠢᠪᠠ᠃ ᠬᠠᠭᠠᠨ ᠡᠵᠡᠨ ᠲᠡᠷᠲᠡᠭᠡ ᠳ᠋ᠦ᠍ ᠥᠩᠭᠡᠷᠡᠭᠰᠡᠨ ᠠᠮᠢᠳᠤᠷᠠᠯ᠂ ᠲᠩᠷᠢ ᠪᠣᠯᠤᠭᠰᠠᠨ ᠳᠡᠭᠦᠦ ᠪᠡᠨ ᠪᠣᠳᠣᠵᠤ ᠰᠠᠭᠤᠨ᠎ᠠ᠃ ᠦᠷᠭᠦᠭᠡᠨ ᠦ᠌ ᠨᠠᠮ ᠭᠦᠮ ᠢ᠋ ᠡᠪᠳᠡᠵᠦ᠂
     —ᠬᠠᠭᠠᠨ ᠡᠵᠡᠨ ᠠᠮᠤᠭᠤᠯᠠᠩ ᠰᠠᠭᠤᠵᠤ ᠪᠠᠢᠪᠠ ᠤᠤ ᠭᠡᠭᠰᠡᠭᠡᠷ ᠰᠤᠷᠬᠠᠭᠲᠠᠨᠢ ᠬᠠᠲᠤᠨ ᠬᠦᠦ ᠮᠥᠩᠬᠡ ᠶ᠋ᠢᠨ ᠬᠠᠮᠲᠤ ᠡᠵᠡᠨ ᠬᠠᠭᠠᠨ ᠳ᠋ᠤ᠌ ᠪᠠᠷᠠᠯᠬᠠᠬᠤ ᠪᠠᠷ ᠣᠷᠣᠵᠤ ᠢᠷᠡᠪᠡ᠃ ᠰᠤᠷᠬᠠᠭᠲᠠᠨᠢ ᠬᠠᠷᠠᠬᠣᠷᠣᠮ ᠳ᠋ᠤ᠌ ᠨᠡᠭᠦᠳᠡᠯᠯᠡᠨ ᠢᠷᠡᠵᠦ᠂ ᠣᠷᠬᠣᠨ ᠭᠣᠣᠯ ᠤ᠋ᠨ ᠡᠷᠭᠢ ᠳᠠᠭᠠᠤ ᠬᠢ ᠥᠷᠭᠡᠨ ᠠᠭᠤᠳᠠᠮ ᠪᠡᠯᠴᠢᠭᠡᠷ ᠨᠤᠲᠤᠭ ᠲᠤ ᠤᠷᠲᠤ ᠥᠷᠭᠥᠭᠡ ᠪᠡᠨ ᠪᠣᠰᠬᠠᠨ᠂ ᠬᠥᠮᠦᠨ ᠮᠠᠯ ᠢ᠋ᠶ᠋ᠠᠨ ᠠᠮᠤᠷᠯᠢᠭᠤᠯᠤᠭᠠᠳ ᠥᠭᠡᠳᠡᠢ ᠬᠠᠭᠠᠨ ᠳ᠋ᠤ᠌ ᠪᠠᠷᠠᠯᠬᠠᠬᠤ ᠪᠠᠷ ᠬᠦᠷᠴᠦ ᠢᠷᠡᠭᠰᠡᠨ ᠨᠢ ᠡᠨᠡ ᠪᠠᠢᠯ᠎ᠠ᠃
    — ᠰᠤᠷᠬᠠᠭᠲᠠᠨᠢ ᠪᠡᠬᠢ ᠰᠠᠢᠨ ᠶᠠᠪᠤᠵᠤ ᠢᠷᠡᠪᠡ ᠤᠤ? ᠬᠡᠯᠡ ᠮᠡᠳᠡᠭᠡ ᠶᠠᠪᠤᠭᠤᠯᠤᠭᠰᠠᠨ ᠠ᠋ᠴᠠ ᠬᠣᠢᠰᠢ ᠢᠷᠡᠬᠦ ᠡᠳᠦᠷ ᠢ᠋ ᠴᠢᠨᠢ ᠬᠦᠯᠢᠶᠡᠵᠦ ᠪᠠᠢᠯ᠎ᠠ ᠭᠡᠬᠦ ᠬᠠᠭᠠᠨ ᠤ᠋ ᠳᠠᠭᠤ ᠦᠷᠭᠦᠭᠡᠨ ᠦ᠌ ᠬᠣᠢᠮᠣᠷ ᠠ᠋ᠴᠠ ᠰᠣᠨᠣᠰᠤᠭᠳᠠᠨ᠎ᠠ᠃ ᠬᠠᠭᠠᠨ ᠡᠵᠡᠨ ᠡᠷᠳᠡᠨᠢ ᠶ᠋ᠢᠨ ᠴᠢᠯᠠᠭᠤ ᠪᠠᠷ ᠴᠢᠮᠡᠭᠰᠡᠨ ᠥᠨᠳᠥᠷ ᠰᠡᠨᠳᠡᠢ ᠳ᠋ᠡᠭᠡᠨ ᠵᠠᠯᠠᠷᠠᠵᠠᠢ᠃ ᠬᠠᠭᠠᠨ ᠤ᠋ ᠡᠮᠦᠨᠡᠬᠢ ᠰᠢᠷᠡᠭᠡᠨ ᠳᠡᠭᠡᠷ᠎ᠡ ᠠᠯᠲᠠᠨ ᠠᠶᠠᠭ᠎ᠠ ᠲᠠᠢ ᠰᠠᠷᠬᠤᠳ ᠴᠡᠴᠡᠯᠵᠡᠨ ᠬᠠᠷᠠᠭᠳᠠᠨ᠎ᠠ᠃ ᠥᠭᠡᠳᠡᠢ ᠬᠠᠭᠠᠨ ᠰᠢᠷᠡᠭᠡᠨ ᠳᠡᠭᠡᠷᠡᠬᠢ ᠰᠠᠷᠬᠤᠳ ᠢ᠋ ᠠᠪᠴᠤ ᠤᠷᠤᠭᠤᠯ ᠳ᠋ᠠᠭᠠᠨ ᠣᠢᠷᠠᠲᠤᠭᠤᠯᠤᠨ ᠲᠠᠮᠰᠢᠶᠠᠯᠠᠭᠠᠳ᠂
    —ᠡᠰᠢ ᠬᠠᠲᠤᠨ ᠮᠢᠨᠢ ᠳᠡᠭᠡᠭᠰᠢ ᠰᠠᠭᠤᠭᠲᠤᠨ! ᠬᠡᠮᠡᠬᠦ ᠳ᠋ᠦ᠍ ᠭᠠᠳᠠᠨ᠎ᠠ ᠠ᠋ᠴᠠ ᠬᠠᠭᠠᠨ ᠤ᠋ ᠰᠢᠪᠡᠭᠴᠢᠳ ᠣᠷᠣᠵᠤ ᠢᠷᠡᠨ ᠵᠣᠭᠣᠭ ᠪᠠᠷᠢᠯ᠎ᠠ᠃ ᠬᠠᠭᠠᠨ ᠡᠵᠡᠨ ᠦ᠌ ᠴᠢᠷᠠᠢ ᠪᠠᠭ᠎ᠠ ᠵᠡᠷᠭᠡ ᠴᠡᠯᠬᠡᠢᠵᠦ᠂ ᠶᠡᠬᠡ ᠪᠣᠳᠣᠯ ᠠᠭᠤᠯᠤᠭᠰᠠᠨ ᠨᠢᠳᠦ ᠪᠡᠷ ᠰᠤᠷᠬᠠᠭᠲᠠᠨᠢ ᠶ᠋ᠢ ᠬᠠᠷᠠᠨ᠎ᠠ᠃
    — ᠳᠡᠭᠡᠷ᠎ᠡ ᠬᠥᠬᠡ ᠲᠩᠷᠢ ᠡᠴᠡ ᠥᠭᠡᠷ᠎ᠡ ᠡᠵᠡᠨ ᠦᠭᠡᠢ᠂ ᠪᠦᠭᠦᠳᠡ ᠶ᠋ᠢᠨ ᠡᠵᠡᠨ ᠬᠠᠭᠠᠨ ᠠᠲᠠᠯ᠎ᠠ ᠵᠠᠷᠢᠮ ᠦᠶ᠎ᠡ ᠳ᠋ᠦ᠍ ᠶᠡᠬᠡᠳᠡ ᠭᠠᠭᠴᠠᠭᠠᠷᠳᠠᠬᠤ ᠶᠤᠮ ᠭᠡᠳ ᠨᠠᠮᠤᠭᠤᠬᠠᠨ ᠳᠠᠭᠤ ᠪᠠᠷ᠂
    — ᠦᠨᠡᠨᠴᠢ ᠭᠡᠵᠦ ᠬᠡᠯᠡᠬᠦ᠂ ᠦᠢᠯᠡᠳᠬᠦ ᠬᠡᠨ ᠪᠦᠬᠦᠨ ᠳᠡᠷᠭᠡᠳᠡ ᠪᠠᠶ᠋ᠢᠪᠠᠴᠤ ᠦᠨᠡᠨ ᠳ᠋ᠡᠭᠡᠨ ᠲᠡᠳᠡᠨ ᠦ᠌ ᠦᠨᠡᠨ ᠬᠤᠳᠠᠯ ᠢ᠋ ᠢᠯᠭᠠᠬᠤ ᠳ᠋ᠤ᠌ ᠪᠡᠷᠬᠡ ᠪᠣᠯᠵᠠᠢ᠃ ᠡᠴᠢᠭᠡ ᠬᠠᠭᠠᠨ ᠤ᠋ ᠵᠦᠩ ᠮᠡᠳᠡᠷᠡᠮᠵᠢ᠂ ᠡᠳᠦᠭᠡ ᠨᠠᠳᠠ ᠳ᠋ᠤ᠌ ᠦᠭᠡᠢᠯᠡᠭᠳᠡᠬᠦ ᠰᠢᠭ᠌ ᠭᠡᠳ ᠬᠠᠲᠤᠨ ᠤ᠋ ᠥᠭᠡᠳᠡ ᠡᠴᠡ ᠬᠠᠷᠠᠵᠤ ᠡᠷᠡᠰ ᠰᠢᠢᠳᠦᠭᠰᠡᠨ ᠬᠥᠮᠦᠨ ᠦ᠌ ᠬᠣᠭᠣᠯᠠᠢ ᠪᠠᠷ᠂
    — ᠴᠢᠮᠠᠶ᠋ᠢ ᠳᠠᠭᠤᠳᠠᠭᠤᠯᠤᠭᠰᠠᠨ ᠤᠴᠢᠷ ᠨᠢ ᠲᠩᠷᠢ ᠪᠣᠯᠤᠭᠰᠠᠨ ᠳᠡᠭᠦᠦ ᠳ᠋ᠡᠭᠡᠨ ᠠᠮᠠ ᠥᠭᠭᠦᠭᠰᠡᠨ ᠢ᠋ᠶ᠋ᠡᠨ ᠭᠦᠢᠴᠡᠭᠡᠬᠦ ᠳ᠋ᠦ᠍ ᠪᠠᠢᠭᠰᠠᠨ ᠶᠤᠮ ᠭᠡᠵᠦ ᠬᠡᠯᠡᠯ᠎ᠡ᠃ ᠰᠤᠷᠬᠠᠭᠲᠠᠨᠢ ᠬᠠᠭᠠᠨ ᠤ᠋ ᠦᠭᠡ ᠶ᠋ᠢ ᠰᠣᠨᠣᠰᠤᠩᠭᠠᠨ ᠠᠶᠠᠭᠠᠴᠢᠨ ᠤ᠋ ᠠᠶᠠᠭᠠᠯᠠᠭᠰᠠᠨ ᠠᠢᠷᠠᠭ ᠢ᠋ ᠰᠢᠮᠡᠨ ᠤᠤᠭᠤᠵᠤ᠄
    — ᠠᠷᠭ᠎ᠠ ᠦᠭᠡᠢ ᠯᠡ ᠨᠠᠮᠤᠷ ᠣᠷᠣᠢ ᠪᠣᠯᠵᠠᠢ ᠳᠠ᠂ ᠠᠭᠢ ᠳᠠᠭᠠᠨ᠎ᠠ ᠶ᠋ᠢᠨ ᠠᠮᠲᠠ ᠠᠢᠷᠠᠭ ᠲᠤ ᠬᠦᠷᠲᠡᠯ᠎ᠡ ᠰᠢᠩᠭᠡᠬᠦ ᠪᠣᠯᠵᠠᠢ ᠭᠡᠯ᠎ᠡ᠃ ᠥᠭᠡᠳᠡᠢ ᠬᠠᠭᠠᠨ ᠬᠠᠲᠤᠨ ᠤ᠋ ᠬᠡᠯᠡᠵᠦ ᠪᠣᠢ ᠦᠭᠡ ᠶ᠋ᠢᠨ ᠤᠳᠬ᠎ᠠ ᠶ᠋ᠢ ᠪᠣᠳᠣᠯᠬᠢᠯᠠᠯ᠎ᠠ᠃ ᠴᠠᠭ ᠡᠷᠭᠢᠵᠦ ᠨᠠᠮᠤᠷ ᠪᠣᠯᠵᠤ ᠪᠣᠢ ᠶ᠋ᠢ ᠲᠡᠷᠡ ᠬᠡᠯᠡᠵᠦ ᠪᠣᠢ ᠴᠤ᠌ ᠮᠣᠩᠭᠣᠯ ᠲᠥᠷᠥ ᠳ᠋ᠦ᠍ ᠨᠠᠮᠤᠷ ᠴᠠᠭ ᠢᠷᠡᠵᠦ ᠪᠣᠢ ᠶ᠋ᠢ ᠬᠡᠯᠡᠵᠦ ᠪᠠᠢᠬᠤ ᠰᠢᠭ᠋ ᠦᠭᠡᠨ ᠳᠣᠲᠣᠷ᠎ᠠ ᠦᠭᠡ ᠪᠠᠭᠲᠠᠭᠠᠨ ᠬᠡᠯᠡᠳᠡᠭ ᠡᠨᠡ ᠬᠠᠲᠤᠨ ᠢ᠋ ᠥᠭᠡᠳᠡᠢ ᠰᠠᠢᠨ ᠮᠡᠳᠡᠬᠦ ᠪᠢᠯᠡ᠃ ᠰᠤᠷᠬᠠᠭᠲᠠᠨᠢ ᠬᠠᠲᠤᠨ ᠴᠠᠭᠠᠰᠢ ᠦᠷᠭᠦᠯᠵᠢᠯᠡᠭᠦᠯᠦᠨ᠂
    — ᠶᠡᠬᠡ ᠠᠭᠤᠷᠠᠭ ᠤ᠋ᠨ ᠬᠡᠷᠡᠭ ᠢ᠋ ᠣᠷᠬᠢᠨ ᠡᠨᠳᠡ ᠢᠷᠡᠭᠰᠡᠨ ᠦ᠌ ᠤᠴᠢᠷ ᠪᠣᠯ ᠬᠠᠭᠠᠨ ᠤ᠋ ᠬᠡᠰᠢᠭ ᠲᠦ᠍ ᠮᠥᠷᠭᠥᠬᠦ ᠪᠢᠯᠡ᠃ ᠭᠡᠪᠡᠴᠦ ᠴᠠᠭ ᠢᠷᠡᠬᠦ ᠲᠣᠰᠤᠮ ᠬᠦᠢᠲᠡᠨ ᠲᠠᠴᠢᠭᠢᠨᠠᠳᠠᠭ ᠲᠠᠯ᠎ᠠ ᠨᠤᠲᠤᠭ ᠲᠤ ᠳᠤᠯᠠᠭᠠᠨ ᠬᠤᠪᠴᠠᠰᠤ ᠲᠠᠢ ᠴᠤ᠌ ᠵᠢᠩᠳᠡᠨ ᠰᠠᠭᠤᠬᠤ ᠨᠢ ᠣᠯᠠᠨ ᠲᠤᠯᠠ᠂ ᠨᠢᠭᠡᠨ ᠴᠠᠭ ᠲᠤ ᠡᠷ᠎ᠡ ᠨᠥᠬᠥᠷ ᠮᠢᠨᠢ ᠡᠵᠡᠨ ᠲᠠᠨ ᠤ᠋ ᠤᠮᠠᠷᠲᠠᠭᠰᠠᠨ ᠢ᠋ ᠰᠠᠨᠠᠭᠤᠯᠵᠤ᠂ ᠤᠨᠲᠠᠭᠰᠠᠨ ᠢ᠋ ᠰᠡᠷᠡᠭᠦᠯᠬᠦ ᠪᠡᠨ ᠠᠮᠠᠯᠠᠨ ᠪᠠᠢᠭᠰᠠᠨ ᠴᠤ᠌ ᠮᠥᠩᠬᠡ ᠲᠩᠷᠢ ᠳ᠋ᠦ᠍ ᠣᠳᠤᠭᠰᠠᠨ ᠤ᠋ ᠤᠴᠢᠷ ᠪᠢ ᠨᠥᠬᠥᠷ ᠦ᠋ᠨ ᠬᠡᠷᠡᠭ ᠢ᠋ ᠦᠷᠭᠦᠯᠵᠢᠯᠡᠭᠦᠯᠵᠦ᠂ ᠬᠠᠭᠠᠨ ᠲᠠᠨ ᠤ᠋ ᠤᠮᠠᠷᠲᠠᠭᠰᠠᠨ ᠢ᠋ ᠰᠠᠨᠠᠭᠤᠯᠵᠤ᠂ ᠤᠨᠲᠠᠭᠰᠠᠨ ᠢ᠋ ᠰᠡᠷᠡᠭᠦᠯᠬᠦ ᠨᠢ ᠥᠪᠡᠷ ᠦ᠋ᠨ ᠡᠭᠦᠷᠭᠡ ᠭᠡᠵᠦ ᠰᠡᠳᠬᠢᠨ ᠢᠷᠡᠯ᠎ᠡ ᠭᠡᠬᠦ ᠳ᠋ᠦ᠍ ᠥᠭᠡᠳᠡᠢ ᠬᠠᠭᠠᠨ᠄
    — ᠦᠨᠡᠨ ᠡᠴᠡ ᠪᠡᠨ ᠬᠤᠳᠠᠯ ᠨᠢ ᠣᠯᠠᠨ ᠪᠠᠢᠬᠤ ᠬᠣᠷᠸ᠎ᠠ ᠳ᠋ᠤ᠌ ᠴᠢᠩ ᠦᠨᠡᠨ ᠢ᠋ ᠴᠥᠭᠡᠨ ᠬᠥᠮᠦᠨ ᠡᠴᠡ ᠬᠠᠷᠠᠬᠤ ᠪᠣᠯᠵᠠᠢ᠃ ᠰᠤᠷᠬᠠᠭᠲᠠᠨᠢ ᠴᠢᠨᠦ ᠦᠨᠡᠨᠴᠢ ᠰᠡᠳᠬᠢᠯ ᠲᠡᠢ ᠶ᠋ᠢ ᠪᠢ ᠮᠡᠳᠡᠬᠦ ᠪᠢᠯᠡ ᠭᠡᠵᠦ ᠬᠡᠯᠡᠭᠡᠳ《ᠡᠴᠢᠭᠡ ᠮᠢᠨᠢ ᠴᠢᠨᠦ ᠦᠨᠡᠨ ᠢ᠋ ᠡᠷᠲᠡ ᠬᠠᠷᠠᠭᠰᠠᠨ ᠠᠵᠤᠭᠤ᠂ ᠡᠵᠡᠨ ᠬᠠᠭᠠᠨ ᠤ᠋ ᠬᠡᠷᠡᠭ ᠢ᠋ ᠦᠷᠭᠦᠯᠵᠢᠯᠡᠭᠦᠯᠦᠨ ᠰᠠᠭᠤᠭ᠎ᠠ ᠪᠢ ᠴᠦ᠍ ᠡᠰᠢ ᠬᠠᠲᠤᠨ ᠤ᠋ ᠦᠨᠡᠨ ᠢ᠋ ᠣᠯᠠᠨ ᠵᠦᠢᠯ ᠳᠡᠭᠡᠷ᠎ᠡ ᠬᠠᠷᠠᠨ᠎ᠠ ᠪᠢᠵᠡ ᠠ᠋᠂ ᠰᠤᠷᠬᠠᠭᠲᠠᠨᠢ ᠪᠡᠬᠢ ᠮᠢᠨᠦ ᠤᠨᠲᠠᠭᠰᠠᠨ ᠢ᠋ ᠰᠡᠷᠡᠭᠦᠯᠵᠦ᠂ ᠤᠮᠠᠷᠲᠠᠭᠰᠠᠨ ᠢ᠋ ᠰᠠᠨᠠᠭᠤᠯᠵᠤ ᠶᠠᠪᠤᠬᠤ ᠨᠢ ᠳᠠᠮᠵᠢᠭ ᠦᠭᠡᠢ》 ᠭᠡᠮᠡᠨ ᠳᠣᠲᠣᠷ᠎ᠠ ᠬᠥᠮᠦᠨ ᠲᠡᠢ ᠪᠡᠨ ᠬᠦᠦᠷᠨᠢᠭᠡᠳ᠂
    —ᠲᠩᠷᠢ ᠪᠣᠯᠤᠭᠰᠠᠨ ᠳᠡᠭᠦᠦ ᠶ᠋ᠢ ᠮᠢᠨᠢ ᠰᠠᠨᠠᠭᠳᠠᠭᠤᠯᠤᠨ ᠮᠢᠨᠦ ᠤᠨᠲᠠᠭᠰᠠᠨ ᠢ᠋ ᠰᠡᠷᠡᠭᠦᠯᠵᠦ᠂ ᠤᠮᠠᠷᠲᠠᠭᠰᠠᠨ ᠢ᠋ ᠰᠠᠨᠠᠭᠤᠯᠤᠨ ᠶᠠᠪᠤᠲᠤᠭᠠᠢ ᠭᠡᠪᠡ᠃
    ᠭᠠᠳᠠᠨ᠎ᠠ ᠠ᠋ᠴᠠ ᠳᠦᠷᠭᠡᠨ᠎ᠡ ᠬᠠᠲᠤᠨ ᠣᠷᠣᠵᠤ ᠢᠷᠡᠯ᠎ᠡ᠃ ᠲᠡᠷᠡ ᠪᠡᠷ ᠬᠠᠭᠠᠨ ᠡᠵᠡᠨ ᠳ᠋ᠦ᠍ ᠬᠦᠨᠳᠦᠳᠬᠡᠯ ᠢᠯᠡᠷᠬᠡᠢᠯᠡᠨ᠂ ᠰᠤᠷᠬᠠᠭᠲᠠᠨᠢ ᠬᠠᠲᠤᠨ ᠲᠠᠢ ᠠᠮᠤᠷ ᠮᠡᠨᠳᠦ ᠪᠡᠨ ᠮᠡᠳᠡᠯᠴᠡᠭᠡᠳ ᠰᠡᠨᠳᠡᠢ ᠳ᠋ᠡᠭᠡᠨ ᠵᠠᠯᠠᠷᠠᠯ᠎ᠠ᠃
    — ᠲᠤᠯᠤᠢ ᠪᠣᠯ ᠭᠣᠯᠣᠮᠲᠠ ᠵᠠᠯᠭᠠᠬᠤ ᠤᠳᠬᠤᠨ ᠳᠡᠭᠦᠦ ᠮᠢᠨᠢ ᠪᠠᠢᠭᠰᠠᠨ᠂ ᠲᠡᠢᠮᠦ ᠴᠦ᠍ ᠤᠴᠢᠷ ᠠ᠋ᠴᠠ ᠬᠠᠭᠠᠨ ᠤ᠋ ᠡᠮᠦᠨ᠎ᠡ ᠡᠴᠡ ᠬᠠᠭᠠᠨ ᠪᠣᠯᠵᠤ ᠵᠣᠯᠢᠶᠠᠨ ᠳ᠋ᠤ᠌
ᠣᠳᠤᠭᠰᠠᠨ ᠪᠢᠵᠡ᠃ ᠨᠠᠮᠠᠶ᠋ᠢ ᠰᠥᠩ ᠤᠯᠤᠰ ᠲᠤ᠌ ᠳᠠᠢᠯᠠᠬᠤ ᠦᠶ᠎ᠡ ᠳ᠋ᠦ᠍ ᠰᠤᠷᠬᠠᠭᠲᠠᠨᠢ ᠴᠢ ᠲᠥᠷᠥ ᠶ᠋ᠢ ᠵᠠᠰᠠᠵᠤ ᠦᠯᠡᠳᠡ ᠭᠡᠯ᠎ᠡ᠃
        ᠬᠠᠭᠠᠨ ᠤ᠋ ᠡᠨᠡ ᠦᠭᠡ ᠶ᠋ᠢ ᠰᠣᠨᠣᠰᠤᠭᠰᠠᠨ    ᠳᠦᠷᠭᠡᠨ᠎ᠡ ᠬᠠᠲᠤᠨ ᠰᠣᠴᠢᠬᠤ ᠰᠢᠭ᠋ ᠪᠣᠯᠤᠯ᠎ᠠ᠃《ᠨᠠᠮᠠᠶ᠋ᠢ ᠰᠥᠩ ᠤᠯᠤᠰ ᠲᠤ᠌ ᠳᠠᠢᠯᠠᠬᠤ ᠦᠶ᠎ᠡ ᠳ᠋ᠦ᠍ ᠴᠢ ᠲᠥᠷᠥ ᠶ᠋ᠢ ᠵᠠᠰᠠᠵᠤ ᠦᠯᠡᠳᠡ》 ᠭᠡᠰᠡᠨ ᠦᠭᠡ ᠶ᠋ᠢ ᠡᠷᠭᠢᠴᠡᠭᠦᠯᠦᠨ ᠪᠣᠳᠣᠬᠤ ᠳ᠋ᠤ᠌《ᠪᠢ ᠬᠠᠭᠠᠨ ᠡᠵᠡᠨ ᠢ᠋ ᠳᠠᠭᠠᠨ ᠰᠥᠩ ᠤᠯᠤᠰ ᠲᠤ᠌ ᠬᠢᠬᠦ ᠠᠶᠠᠨ ᠲᠡᠢᠨ ᠳ᠋ᠦ᠍ ᠶᠠᠪᠤᠬᠤ ᠨᠢ ᠵᠥᠪ ‍ᠦᠦ᠂ ᠥᠪᠡᠷ ᠢ᠋ᠶ᠋ᠡᠨ ᠦᠯᠡᠳᠡᠵᠦ ᠰᠤᠷᠬᠠᠭᠲᠠᠨᠢ ᠶ᠋ᠢᠨ ᠣᠷᠣᠨ ᠳ᠋ᠤ᠌ ᠲᠥᠷᠥ ᠶ᠋ᠢ ᠵᠠᠰᠠᠳᠠᠭ ᠪᠠᠢᠵᠤ ‍ᠤᠤ᠁ ᠵᠠ ᠶᠠᠭᠠᠬᠢᠬᠤ ᠪᠣᠢ᠂ ᠰᠤᠷᠬᠠᠭᠲᠠᠨᠢ ᠶᠤᠮ ᠪᠠᠢᠨ᠎ᠠ ᠭᠠᠢᠭᠤᠢ ᠪᠢᠵᠡ 》 ᠭᠡᠮᠡᠨ ᠪᠣᠳᠣᠵᠤ ᠰᠠᠭᠤᠬᠤ ᠳ᠋ᠤ᠌ ᠰᠤᠷᠬᠠᠭᠲᠠᠨᠢ 
ᠬᠠᠲᠤᠨ《ᠬᠠᠭᠠᠨ ᠤ᠋ ᠡᠮᠦᠨ᠎ᠡ ᠡᠴᠡ ᠬᠠᠭᠠᠨ ᠪᠣᠯᠵᠤ ᠵᠣᠯᠢᠶᠠᠨ ᠳ᠋ᠤ᠌ ᠣᠳᠤᠭᠰᠠᠨ》 ᠭᠡᠰᠡᠨ ᠬᠠᠭᠠᠨ ᠤ᠋ ᠦᠭᠡ ᠶ᠋ᠢ ᠡᠷᠭᠢᠨ ᠪᠣᠳᠣᠵᠤ ᠮᠥᠩᠬᠡ ᠬᠦᠦ ᠨᠢ ᠡᠴᠢᠭᠡ ᠶ᠋ᠢᠨ ᠢ᠋ᠶ᠋ᠡᠨ ᠱᠠᠷᠢᠯ ᠢ᠋ ᠡᠬᠡ ᠨᠤᠲᠤᠭ ᠲᠤᠨᠢ ᠠᠪᠴᠢᠷᠠᠭᠰᠠᠨ ᠲᠡᠷᠡ ᠡᠳᠦᠷ《ᠮᠢᠨᠦ ᠠᠪᠤ ᠬᠠᠭᠠᠨ ᠪᠠᠢᠵᠠᠢ》 ᠭᠡᠵᠦ ᠬᠡᠯᠡᠵᠦ ᠪᠠᠢᠭᠰᠠᠨ ᠢ᠋ ᠨᠡᠬᠡᠨ ᠰᠠᠨᠠᠵᠤ᠂ ᠡᠨᠡ ᠦᠭᠡᠰ ᠬᠣᠭᠣᠷᠣᠨᠳᠣ ᠪᠠᠨ ᠶᠠᠮᠠᠷ ᠬᠣᠯᠪᠣᠭ᠎ᠠ ᠲᠠᠢ ᠪᠣᠯᠬᠤ ᠶ᠋ᠢ ᠡᠷᠭᠢᠴᠡᠭᠦᠯᠦᠨ ᠪᠠᠢᠪᠠ᠃
<
ᠡᠳᠦᠷ ᠢᠷᠡᠬᠦ ᠲᠣᠰᠤᠮ ᠬᠦᠢᠲᠡᠨ ᠦ᠌ ᠡᠷᠴᠢ ᠲᠠᠴᠢᠭᠢᠨᠠᠨ ᠴᠢᠩᠭᠠᠷᠠᠵᠤ᠂ ᠵᠢᠪᠠᠷᠯᠠᠨ ᠪᠠᠢᠭ᠎ᠠ ᠮᠣᠩᠭᠣᠯ ᠤ᠋ᠨ ᠲᠠᠯ᠎ᠠ ᠨᠤᠲᠤᠭ ᠲᠤ᠌ ᠶᠡᠬᠡ ᠠᠶᠠᠨ ᠲᠡᠢᠨ ᠦ᠌ ᠬᠡᠩᠭᠡᠷᠭᠡ ᠳᠡᠯᠡᠳᠦᠨ᠂ ᠡᠵᠡᠨᠲᠦ ᠤᠯᠤᠰ ᠤ᠋ᠨ ᠠᠮᠤᠭᠤᠯᠠᠩ ᠪᠠᠢᠳᠠᠯ ᠳ᠋ᠤ᠌ ᠵᠠᠨᠤᠯᠬᠢᠯᠠᠨ᠂ ᠢᠲᠡᠭᠡᠯ ᠡᠪᠳᠡᠵᠦ ᠪᠣᠢ ᠰᠥᠩ ᠤᠯᠤᠰ᠂ ᠭᠠᠤᠯᠢ ᠤᠯᠤᠰ ᠲᠤ᠌ ᠥᠭᠡᠳᠡᠢ ᠬᠠᠭᠠᠨ ᠥᠪᠡᠷ ᠦ᠌ ᠪᠡᠶ᠎ᠡ ᠪᠡᠷ ᠳᠠᠢᠳᠤᠨ ᠶᠠᠪᠤᠬᠤ ᠪᠠᠷ ᠶᠡᠬᠡ ᠴᠡᠷᠢᠭ ᠢ᠋ᠶ᠋ᠡᠨ ᠬᠥᠳᠡᠯᠭᠡᠬᠦ ᠪᠣᠯᠤᠯ᠎ᠠ᠃ ᠡᠨᠡ ᠲᠡᠢᠨ ᠳ᠋ᠦ᠍ ᠥᠭᠡᠳᠡᠢ ᠬᠠᠭᠠᠨ ᠤᠷᠢᠳ ᠤᠷᠢᠳ ᠤ᠋ᠨ ᠬᠢ ᠡᠴᠡ ᠢᠯᠡᠭᠦᠦ ᠶᠡᠬᠡ ᠬᠥᠮᠦᠨ ᠮᠠᠯ ᠠᠪᠴᠤ ᠶᠠᠪᠤᠯ᠎ᠠ᠃ ᠬᠠᠭᠠᠨ ᠤ᠋ ᠶᠠᠪᠤᠭᠤᠯ ᠤ᠋ᠨ ᠣᠷᠳᠣᠨ ᠠᠰᠤᠷᠤ ᠲᠣᠮᠣ ᠭᠡᠷ ᠲᠡᠷᠭᠡ᠂ ᠬᠠᠮᠲᠤ ᠶᠠᠪᠤᠬᠤ ᠬᠠᠲᠤᠳ ᠤ᠋ᠨ ᠭᠡᠷ ᠲᠡᠷᠭᠡ᠂ ᠬᠠᠭᠠᠨ ᠤ᠋ ᠪᠣᠯᠤᠨ ᠬᠠᠲᠤᠳ ᠤ᠋ᠨ ᠵᠠᠷᠤᠴᠠ᠂ ᠲᠣᠭᠣᠭᠠᠴᠢ᠂ ᠰᠢᠪᠡᠭᠴᠢᠨ ᠪᠣᠭᠣᠯ ᠤ᠋ᠳ ᠪᠣᠯᠤᠨ ᠡᠮᠦᠨᠡᠲᠦ ᠤᠯᠤᠰ ᠢ᠋ ᠳᠠᠢᠳᠤᠬᠤ ᠪᠠᠷ ᠬᠥᠳᠡᠯᠵᠦ ᠪᠣᠢ ᠬᠡᠳᠦᠨ ᠲᠦᠮᠡᠨ ᠶᠡᠬᠡ ᠴᠡᠷᠢᠭ ᠭᠡᠳ ᠠᠯᠤᠰ ᠠ᠋ᠴᠠ ᠪᠣᠯ ᠨᠢᠭᠡᠨ ᠲᠣᠮᠣ ᠬᠣᠲᠠ ᠨᠡᠭᠦᠨ ᠶᠠᠪᠤᠭ᠎ᠠ ᠮᠡᠲᠦ ᠰᠦᠷᠯᠢᠭ ᠳᠦᠷᠢ ᠵᠢᠷᠤᠭ᠂ ᠶᠡᠬᠡ ᠨᠡᠭᠦᠳᠡᠯ ᠬᠠᠷᠠᠬᠣᠷᠣᠮ ᠤ᠋ᠨ ᠳᠡᠨᠵᠢ ᠳᠡᠭᠡᠷ᠎ᠡ ᠡᠩᠨᠡᠨ ᠵᠢᠭᠰᠠᠵᠤ᠂ ᠬᠠᠭᠠᠨ ᠡᠵᠡᠨ ᠦ᠌ ᠲᠤᠰᠢᠶᠠᠯ ᠢ᠋ ᠬᠦᠯᠢᠶᠡᠵᠦ ᠪᠠᠢᠯ᠎ᠠ᠃ ᠬᠠᠭᠠᠨ ᠭᠡᠷ ᠲᠡᠷᠭᠡᠨ ᠳᠡᠭᠡᠷᠡᠬᠢ ᠶᠡᠬᠡ ᠦᠷᠭᠦᠭᠡᠨ ᠦ᠌ ᠪᠡᠨ ᠡᠭᠦᠳᠡᠨ ᠳ᠋ᠦ᠍ ᠵᠣᠭᠰᠣᠵᠠᠢ᠃ ᠠᠯᠲᠠᠨ ᠰᠢᠷ᠎ᠠ ᠥᠩᠭᠡ ᠲᠡᠢ ᠳᠡᠪᠡᠯ ᠳᠡᠭᠡᠷ᠎ᠡ᠂ ᠴᠠᠭᠠᠨ ᠥᠩᠭᠡ ᠶ᠋ᠢᠨ ᠠᠩ ᠤ᠋ᠨ ᠦᠰᠦᠲᠡᠢ ᠮᠠᠯᠠᠭᠠᠢ ᠲᠠᠯᠪᠢᠭᠰᠠᠨ ᠨᠢ ᠰᠣᠳᠣᠨ ᠬᠠᠷᠠᠭᠳᠠᠨ᠎ᠠ᠃ ᠲᠡᠷᠭᠡᠨ ᠦ᠌ ᠭᠠᠳᠠᠭ᠎ᠠ ᠬᠠᠭᠠᠨ ᠤ᠋ ᠰᠢᠳᠠᠷ ᠵᠥᠪᠯᠡᠬᠦ᠂ ᠰᠠᠢᠳ ᠲᠦᠰᠢᠮᠡᠳ᠂ ᠬᠠᠭᠠᠨ ᠤ᠋ ᠬᠠᠲᠤᠳ᠂ ᠠᠯᠲᠠᠨ ᠤᠷᠤᠭ ᠤ᠋ᠨ ᠬᠢᠨ ᠵᠣᠭᠰᠣᠵᠠᠢ᠃ ᠬᠠᠭᠠᠨ ᠵᠠᠷᠯᠢᠭ ᠪᠣᠯᠤᠷᠤᠨ᠄
    —ᠰᠤᠤᠲᠤ ᠪᠣᠭᠳᠠ ᠡᠵᠡᠨ ᠬᠠᠭᠠᠨ ᠡᠴᠢᠭᠡ ᠮᠢᠨᠢ《ᠢᠲᠡᠭᠡᠯ ᠡᠪᠳᠡᠨ ᠣᠳᠤᠭᠰᠠᠨ ᠪᠦᠬᠦᠨ ᠦᠬᠦᠬᠦ ᠶᠠᠯ᠎ᠠ ᠲᠠᠢ》 ᠭᠡᠮᠡᠨ ᠵᠠᠷᠯᠢᠭ ᠪᠣᠯᠭᠠᠵᠤ ᠪᠠᠢᠭᠰᠠᠨᠴᠢᠯᠠᠨ ᠪᠢᠳᠡᠨ ᠦ᠌ ᠣᠯᠠᠨ ᠵᠢᠯ ᠦ᠋ᠨ ᠥᠰᠢᠶᠡᠲᠡᠨ ᠰᠥᠩ᠂ ᠭᠠᠤᠯᠢᠨ ᠤᠯᠤᠰ ᠢ᠋ ᠡᠵᠡᠯᠡᠨ ᠠᠪᠬᠤ ᠪᠠᠷ ᠶᠡᠬᠡ ᠳᠣᠯᠣᠭᠠᠨ ᠢ᠋ ᠡᠬᠢᠯᠡᠭᠦᠯᠵᠦ ᠪᠠᠢᠨ᠎ᠠ᠃ ᠡᠨᠡ ᠲᠡᠢᠨ ᠳ᠋ᠦ᠍ ᠪᠢᠳᠡ ᠰᠥᠩ ᠤᠯᠤᠰ ᠤᠷᠤᠭᠤ ᠭᠤᠷᠪᠠᠨ ᠵᠠᠮ ᠢ᠋ᠶ᠋ᠠᠷ ᠳᠣᠪᠲᠣᠯᠬᠤ ᠪᠣᠯᠤᠨ᠎ᠠ᠃ ᠪᠠᠷᠠᠭᠤᠨ ᠵᠠᠮ ᠤ᠋ᠨ ᠴᠡᠷᠢᠭ ᠢ᠋ ᠮᠢᠨᠦ ᠭᠤᠷᠪᠠᠳᠤᠭᠠᠷ ᠬᠦᠦ ᠭᠤᠳᠠᠨ ᠪᠣᠯᠤᠨ ᠲᠠᠬᠠᠢ ᠵᠠᠩᠵᠤᠨ ᠨᠠᠷ ᠤᠳᠤᠷᠢᠳᠴᠤ ᠰᠧᠴᠤᠸᠠᠨ ᠮᠣᠵᠢ ᠤᠷᠤᠭᠤ ᠳᠣᠪᠲᠣᠯᠤᠨ᠎ᠠ᠃ ᠬᠠᠷᠢᠨ ᠭᠣᠣᠯ ᠵᠠᠮ ᠤ᠋ᠨ ᠴᠡᠷᠢᠭ ᠢ᠋ ᠮᠢᠨᠦ ᠳᠥᠷᠪᠡᠳᠦᠭᠡᠷ ᠬᠦᠦ ᠬᠦᠴᠦ ᠪᠣᠯᠤᠨ ᠲᠣᠮᠤᠳᠠᠢ ᠵᠠᠩᠵᠤᠨ ᠨᠠᠷ ᠤᠳᠤᠷᠢᠳᠴᠤ ᠾᠧᠪᠧᠢ ᠮᠣᠵᠢ ᠤᠷᠤᠭᠤ᠂ ᠵᠡᠭᠦᠨ ᠵᠠᠮ ᠤ᠋ᠨ ᠴᠡᠷᠢᠭ ᠢ᠋ ᠪᠡᠯᠭᠦᠳᠡᠢ ᠨᠣᠶᠠᠨ ᠤ᠋  ᠬᠦᠦ ᠪᠤᠬᠠᠭᠦᠨ ᠪᠣᠯᠤᠨ ᠴᠠᠭᠠᠨ ᠨᠣᠶᠠᠨ ᠤᠳᠤᠷᠢᠳᠴᠤ ᠾᠧᠨᠠᠨ ᠮᠣᠵᠢ ᠶ᠋ᠢᠨ ᠬᠦᠬᠡᠮᠦᠢᠷᠡᠨ ᠦ᠌ ᠬᠥᠨᠳᠡᠢ ᠤᠷᠤᠭᠤ ᠳᠠᠢᠳᠤᠬᠤ ᠪᠣᠯᠤᠨ᠎ᠠ᠃ ᠬᠠᠭᠠᠨ ᠡᠵᠡᠨ ᠢ᠋ ᠬᠠᠷᠠᠬᠣᠷᠣᠮ ᠳ᠋ᠤ᠌ ᠡᠵᠡᠭᠦᠢ ᠪᠠᠢᠬᠤ ᠦᠶ᠎ᠡ ᠳ᠋ᠦ᠍ ᠠᠯᠲᠠᠨ ᠤᠷᠤᠭ ᠤ᠋ᠨ ᠳᠠᠷᠬᠠᠯᠠᠭᠳᠠᠭᠰᠠᠨ ᠪᠡᠷᠢ᠂ ᠡᠰᠢ ᠬᠠᠲᠤᠨ ᠰᠤᠷᠬᠠᠭᠲᠠᠨᠢ ᠪᠡᠬᠢ ᠵᠠᠰᠠᠭ ᠤ᠋ᠨ ᠪᠦᠬᠦᠢᠯᠡ ᠬᠡᠷᠡᠭ ᠢ᠋ ᠵᠠᠬᠢᠷᠤᠨ ᠶᠠᠪᠤᠭᠤᠯᠤᠨ᠎ᠠ᠃ ᠲᠡᠢᠮᠦ ᠶ᠋ᠢᠨ ᠲᠤᠯᠠ ᠣᠯᠠᠨ ᠠᠷᠠᠳ ᠲᠠ ᠪᠦᠬᠦᠨ ᠬᠠᠲᠤᠨ ᠤ᠋ ᠦᠭᠡ ᠶ᠋ᠢ ᠬᠠᠭᠠᠨ ᠤ᠋ ᠦᠭᠡ ᠮᠡᠲᠦ ᠬᠦᠯᠢᠶᠡᠨ ᠠᠪᠴᠤ ᠬᠦᠨᠳᠦᠯᠡᠨ ᠳᠠᠭᠠᠬᠤ ᠤᠴᠢᠷ ᠲᠠᠢ ᠭᠡᠵᠦ ᠰᠣᠨᠣᠷᠳᠠᠭᠤᠯᠤᠯ᠎ᠠ᠃ ᠡᠨᠡ ᠦᠶ᠎ᠡ ᠳ᠋ᠦ᠍ ᠥᠭᠡᠳᠡᠢ ᠬᠠᠭᠠᠨ ᠲᠠᠪᠢᠨ ᠨᠠᠰᠤ ᠬᠦᠷᠴᠦ ᠪᠠᠢᠪᠠ᠃ ᠦᠰᠦ ᠨᠢ ᠰᠢᠨᠠ ᠠ᠋ᠴᠠ ᠪᠠᠨ ᠪᠤᠭᠤᠷᠤᠯ ᠰᠠᠭᠤᠵᠤ᠂ ᠰᠠᠬᠠᠯ ᠨᠢ ᠰᠠᠭᠠᠷᠠᠯᠳᠤᠵᠠᠢ᠃  
       ᠰᠤᠷᠬᠠᠭᠲᠠᠨᠢ ᠡᠨᠡ ᠤᠳᠠᠭ᠎ᠠ ᠳ᠋ᠤ᠌ ᠡᠵᠡᠨ ᠴᠢᠩᠭᠢᠰ ᠬᠠᠭᠠᠨ ᠤ᠋ ᠤᠷᠲᠤ ᠥᠷᠭᠥᠭᠡ ᠶᠡᠬᠡ ᠠᠭᠤᠷᠠᠭ᠎ᠲᠤ ᠪᠢᠰᠢ᠂ ᠮᠣᠩᠭᠣᠯ ᠤ᠋ᠨ ᠶᠡᠬᠡ ᠲᠠᠯ᠎ᠠ ᠶ᠋ᠢᠨ ᠳᠤᠮᠳᠠ ᠪᠣᠰᠤᠭᠰᠠᠨ ᠬᠠᠷᠠᠬᠣᠷᠣᠮ ᠳ᠋ᠤ᠌ ᠡᠵᠡᠨ ᠰᠠᠭᠤᠨ ᠦᠯᠡᠲᠡᠯ᠎ᠡ᠃ ᠨᠢᠭᠡᠨ ᠣᠷᠳᠣᠨ ᠤ᠋ ᠬᠡᠷᠡᠭ ᠢ᠋ ᠵᠠᠬᠢᠷᠴᠤ ᠠᠭᠰᠠᠨ ᠰᠣᠷᠬᠠᠭᠲᠠᠨᠢ ᠣᠳᠣ ᠨᠢᠭᠡᠨ ᠤᠯᠤᠰ ᠤ᠋ᠨ ᠬᠡᠷᠡᠭ ᠢ᠋ ᠲᠦᠷ ᠬᠠᠮᠢᠶᠠᠷᠬᠤ ᠪᠣᠯᠪᠠ᠃《ᠬᠠᠲᠤᠨ ᠤ᠋ ᠦᠭᠡ ᠶ᠋ᠢ ᠬᠠᠭᠠᠨ ᠤ᠋ ᠦᠭᠡ ᠮᠡᠲᠦ ᠰᠠᠬᠢᠨ ᠳᠠᠭᠠᠲᠤᠭᠠᠢ》 ᠭᠡᠰᠡᠨ ᠬᠠᠭᠠᠨ ᠤ᠋ ᠵᠠᠷᠯᠢᠭ ᠪᠠᠭᠤᠭᠰᠠᠨ ᠲᠤᠯᠠ ᠲᠠᠯ᠎ᠠ ᠨᠤᠲᠤᠭ ᠲᠤ ᠡᠨᠡ ᠦᠭᠡ ᠦᠢᠯᠡᠴᠢᠯᠡᠵᠦ᠂ ᠡᠨᠡ ᠵᠠᠷᠯᠢᠭ ᠶᠣᠰᠣᠭᠠᠷ ᠪᠣᠯᠬᠤ ᠪᠣᠯᠤᠨ᠎ᠠ᠃ ᠬᠠᠭᠠᠨ ᠤ᠋ ᠣᠯᠠᠨ ᠬᠠᠲᠤᠳ ᠤ᠋ᠨ ᠠᠭᠠᠰᠢ ᠠᠶᠠᠭ ᠶᠠᠩᠵᠤ ᠪᠦᠷᠢ ᠪᠠᠢᠬᠤ ᠴᠤ᠌ ᠣᠳᠣ ᠲᠡᠳᠡ ᠡᠵᠡᠨ ᠬᠠᠭᠠᠨ ᠢ᠋ᠶ᠋ᠠᠨ ᠳ᠋ᠠᠭᠠᠨ ᠠᠯᠤᠰ ᠤ᠋ᠨ ᠠᠶᠠᠨ ᠲᠡᠢᠨ ᠳ᠋ᠦ᠍ ᠭᠠᠷᠴᠤ ᠪᠠᠢᠨ᠎ᠠ᠃ ᠶᠡᠬᠡ ᠨᠡᠭᠦᠳᠡᠯ ᠬᠥᠳᠡᠯᠦᠯ᠎ᠡ᠃
      ᠲᠤᠩ ᠤᠳᠠᠬᠤ ᠦᠭᠡᠢ ᠬᠥᠳᠡᠯᠬᠦ ᠭᠡᠵᠦ ᠪᠠᠢᠭ᠎ᠠ ᠪᠠᠲᠤ ᠬᠠᠨ ᠢ᠋ᠶ᠋ᠠᠷ ᠤᠳᠤᠷᠢᠳᠤᠭᠤᠯᠤᠭᠰᠠᠨ ᠠᠯᠲᠠᠨ ᠤᠷᠤᠭ ᠤ᠋ᠨ ᠠᠬᠠᠮᠠᠳ ᠬᠥᠪᠡᠭᠦᠳ ᠦ᠋ᠨ ᠪᠠᠷᠠᠭᠤᠨ ᠵᠦᠭ ᠲᠦ᠍ ᠬᠢᠬᠦ ᠠᠶᠠᠨ ᠲᠡᠢᠨ ᠬᠠᠷᠠᠬᠠᠨ ᠡᠬᠢᠯᠡᠭᠡ ᠦᠭᠡᠢ ᠪᠠᠢᠨ᠎ᠠ᠃ ᠬᠠᠷᠠᠬᠣᠷᠣᠮ ᠠᠯᠢ ᠬᠡᠳᠦᠢᠨ ᠲᠠᠯ᠎ᠠ ᠨᠤᠲᠤᠭ ᠤ᠋ᠨ ᠲᠣᠮᠣᠬᠠᠨ ᠬᠣᠲᠠ᠂ ᠠᠷᠠᠯᠵᠢᠶ᠎ᠠ ᠮᠠᠢᠮᠠᠢ᠂ ᠬᠤᠳᠠᠯᠳᠤᠭᠠᠨ ᠤ᠋ ᠲᠥᠪ᠂ ᠡᠷᠭᠦᠯᠴᠢ ᠮᠥᠷᠭᠥᠯᠴᠢᠳ ᠦ᠋ᠨ ᠰᠦᠰᠦᠭ ᠪᠢᠰᠢᠷᠡᠯ ᠦ᠋ᠨ ᠭᠠᠵᠠᠷ᠂ ᠡᠨᠳᠡ ᠲᠡᠨᠳᠡᠬᠢ ᠶ᠋ᠢᠨ ᠠᠪᠤᠷᠠᠯ ᠡᠷᠢᠭᠴᠢᠳ ᠦ᠋ᠨ ᠠᠴᠢᠯᠠᠯ ᠨᠢᠭᠦᠯᠡᠰᠦᠯ ᠦ᠋ᠨ ᠣᠷᠣᠨ ᠪᠣᠯᠤᠭᠠᠳ ᠪᠠᠢᠯ᠎ᠠ᠃ ᠰᠣᠷᠬᠠᠭᠲᠠᠨᠢ ᠬᠠᠲᠤᠨ ᠣᠷᠬᠣᠨ ᠭᠣᠣᠯ ᠤ᠋ᠨ ᠳᠠᠭᠠᠤ ᠬᠢ ᠨᠡᠭᠦᠳᠡᠯ ᠦ᠋ᠨ ᠤᠷᠲᠤ ᠦᠷᠭᠦᠭᠡᠨ ᠡᠴᠡ ᠪᠡᠨ ᠲᠥᠷᠥ ᠶ᠋ᠢᠨ ᠬᠡᠷᠡᠭ ᠢ᠋ ᠲᠦᠷ ᠵᠠᠬᠢᠷᠬᠤ ᠪᠣᠯᠤᠯ᠎ᠠ᠃ ᠬᠠᠭᠠᠨ ᠡᠵᠡᠨ ᠦ᠌ ᠡᠬᠢᠯᠡᠭᠦᠯᠦᠭᠰᠡᠨ ᠠᠶᠠᠨ ᠲᠡᠢᠨ ᠬᠡᠵᠢᠶ᠎ᠡ ᠳᠠᠭᠤᠰᠬᠤ ᠨᠢ ᠲᠣᠳᠣᠷᠬᠠᠢ ᠦᠭᠡᠢ᠃ ᠲᠠᠯ᠎ᠠ ᠨᠤᠲᠤᠭ ᠲᠤ ᠬᠡᠳᠦᠨ ᠵᠢᠯ ᠢ᠋ᠶ᠋ᠡᠷ ᠴᠤ᠌ ᠦᠷᠭᠦᠯᠵᠢᠯᠡᠬᠦ ᠶᠡᠬᠡ ᠬᠦᠯᠢᠶᠡᠯᠲᠡ᠂ ᠡᠨᠡ ᠬᠠᠲᠤᠨ ᠤ᠋ ᠠᠮᠢᠳᠤᠷᠠᠯ ᠳ᠋ᠤ᠌ ᠬᠡᠵᠢᠶᠡᠳᠡ ᠦᠷᠭᠦᠯᠵᠢᠯᠡᠬᠦ ᠨᠢ ᠲᠣᠳᠣᠷᠬᠠᠢ᠃
        ᠡᠵᠡᠨᠲᠦ ᠭᠦᠷᠦᠨ ᠦ᠌ ᠶᠡᠬᠡᠰ ᠳᠡᠭᠡᠳᠦᠰ ᠲᠦ᠍ ᠪᠠᠷᠠᠯᠬᠠᠨ᠎ᠠ ᠭᠡᠳᠡᠭ ᠡᠩ ᠦ᠋ᠨ ᠨᠢᠭᠡᠨ ᠦ᠌ ᠬᠤᠪᠢ ᠳ᠋ᠤ᠌ ᠰᠠᠨᠠᠰᠢ ᠦᠭᠡᠢ ᠳᠠᠪᠠᠭ᠎ᠠ ᠪᠦᠲᠦᠰᠢ ᠦᠭᠡᠢ ᠬᠦᠰᠡᠯ ᠪᠠᠢᠳᠠᠭ ᠪᠣᠯ ᠡᠷᠬᠡᠲᠡᠨ ᠳᠠᠷᠬᠠᠲᠠᠨ ᠨᠤᠭᠤᠳ ᠤ᠋ᠨ ᠬᠤᠪᠢ ᠳ᠋ᠤ᠌ ᠴᠤ᠌ ᠬᠡᠴᠡᠭᠦᠬᠡᠨ ᠠᠵᠢᠯ ᠪᠠᠢᠳᠠᠭ᠃ ᠬᠠᠭᠠᠨ ᠡᠵᠡᠨ ᠦ᠌ ᠬᠠᠷᠠᠭᠤᠯ ᠬᠠᠮᠠᠭᠠᠯᠠᠯᠲᠠ ᠪᠦᠬᠦᠢ ᠶᠡᠬᠡ ᠦᠷᠭᠦᠭᠡᠨ ᠳ᠋ᠦ᠍ ᠣᠷᠣᠵᠤ ᠡᠵᠡᠨ ᠬᠠᠭᠠᠨ ᠳ᠋ᠤ᠌ ᠪᠠᠷᠠᠯᠬᠠᠬᠤ ᠬᠦᠰᠡᠯ ᠲᠡᠢ ᠭᠠᠳᠠᠨ᠎ᠠ ᠳᠣᠲᠣᠨ᠎ᠠ ᠶ᠋ᠢᠨ ᠡᠯᠴᠢ ᠵᠠᠷᠤᠳᠠᠰᠤ ᠬᠡᠨ ᠴᠤ᠌ ᠪᠠᠢᠭᠰᠠᠨ ᠨᠡᠩ ᠣᠯᠠᠨ ᠰᠢᠯᠭᠠᠭᠤᠷ ᠢ ᠳᠠᠪᠠᠵᠤ ᠪᠠᠢᠵᠤ ᠰᠠᠶᠢ ᠬᠠᠭᠠᠳ ᠬᠠᠲᠤᠳ ᠲᠤ ᠪᠠᠷᠠᠯᠬᠠᠨ᠎ᠠ᠃ ᠶᠡᠬᠡ ᠦᠷᠭᠦᠭᠡᠨ ᠦ᠌ ᠡᠷᠭᠢᠨ ᠲᠣᠭᠣᠷᠢᠨ ᠪᠠᠢᠬᠤ ᠣᠯᠠᠨ ᠭᠡᠷ ᠦ᠋ᠳ ᠦ᠋ᠨ ᠳᠤᠮᠳᠠ ᠵᠡᠷᠭᠡᠴᠡᠭᠦᠯᠦᠨ ᠪᠠᠷᠢᠭᠰᠠᠨ ᠲᠠᠪᠤᠨ ᠭᠡᠷ ᠪᠣᠢ᠃ ᠬᠠᠭᠠᠳ ᠬᠠᠲᠤᠳ ᠲᠤ ᠪᠠᠷᠠᠯᠬᠠᠬᠤ ᠬᠦᠰᠡᠯ ᠲᠡᠢ ᠡᠷᠬᠢᠮ ᠦ᠋ᠳ ᠲᠡᠳᠡᠭᠡᠷ ᠲᠠᠪᠤᠨ ᠭᠡᠷ ᠲᠦ᠍ ᠳᠠᠷᠠᠭᠠᠯᠠᠨ ᠨᠢᠭᠡ ᠨᠢᠭᠡ ᠬᠣᠨᠣᠬᠤ ᠤᠴᠢᠷ ᠲᠠᠢ᠃ ᠡᠬᠢᠨ ᠦ᠌ ᠭᠡᠷ ᠲᠦ᠍ ᠳᠠᠩ ᠰᠠᠷᠬᠤᠳ ᠢ᠋ᠶ᠋ᠠᠷ ᠳᠠᠢᠯᠠᠨ ᠰᠣᠭᠲᠣᠭᠠᠵᠤ᠂ ᠲᠤᠷᠰᠢᠭᠤᠯ ᠤ᠋ᠳ ᠲᠡᠭᠦᠨ ᠦ᠌ ᠠᠮᠠᠨ ᠠ᠋ᠴᠠ ᠦᠭᠡ ᠤᠨᠠᠭᠠᠨ ᠴᠣᠬᠣᠮ ᠬᠡᠨ ᠪᠣᠯᠬᠤ ᠶᠠᠮᠠᠷ ᠰᠠᠨᠠᠭ᠎ᠠ ᠪᠣᠳᠣᠯ ᠲᠠᠢ ᠬᠠᠭᠠᠨ ᠡᠵᠡᠨ ᠳ᠋ᠤ᠌ ᠪᠠᠷᠠᠯᠬᠠᠬᠤ ᠬᠦᠰᠡᠯ ᠲᠡᠢ ᠪᠠᠢᠭ᠎ᠠ ᠶ᠋ᠢ ᠳᠠᠩᠳᠠᠨ ᠮᠡᠳᠡᠨ᠎ᠡ᠃ ᠳᠠᠷᠠᠭ᠎ᠠ ᠶ᠋ᠢᠨ ᠭᠡᠷ ᠲᠦ᠍ ᠲᠠᠷᠭᠤᠨ ᠬᠣᠨᠢᠨ ᠮᠢᠬ᠎ᠠ ᠢᠳᠡᠭᠡ ᠰᠢᠭᠦᠰᠦ ᠶ᠋ᠢ ᠴᠠᠷ᠎ᠠ ᠴᠠᠷ᠎ᠠ ᠪᠠᠷ ᠠᠪᠴᠢᠷᠠᠵᠤ᠂ ᠬᠠᠭᠠᠨᠲᠤ ᠲᠥᠷᠥ ᠶ᠋ᠢᠨ ᠥᠭᠭᠢᠶᠡᠮᠦᠷ ᠪᠠᠶᠠᠨ᠂ ᠡᠶᠡᠯᠳᠡᠭ ᠨᠠᠢᠷᠰᠠᠭ ᠵᠠᠩ ᠳ᠋ᠤ᠌ ᠮᠡᠳᠡᠷᠡᠭᠦᠯᠦᠨ᠂ ᠭᠤᠷᠪᠠᠳᠠᠬᠢ ᠭᠡᠷ ᠲᠦ᠍ ᠴᠠᠭᠠᠨ ᠢᠳᠡᠭᠡ ᠪᠡᠷ ᠳᠠᠢᠯᠠᠵᠤ ᠬᠠᠷ᠎ᠠ ᠬᠣᠣᠷ ᠢ᠋ ᠠᠷᠢᠯᠭᠠᠭᠠᠳ᠂ ᠳᠥᠷᠪᠡᠳᠡᠬᠢ ᠭᠡᠷ ᠲᠦ᠍ ᠠᠢᠷᠠᠭ ᠢ᠋ᠶ᠋ᠠᠷ ᠳᠠᠢᠯᠠᠵᠤ ᠴᠠᠢᠯᠭᠠᠨ ᠰᠡᠳᠬᠢᠯ ᠦ᠋ᠨ ᠢᠯᠡᠷᠬᠡᠢᠯᠡᠯ ᠪᠣᠯᠭᠠᠨ ᠬᠦᠨᠳᠦᠳᠬᠡᠭᠡᠳ᠂ ᠲᠠᠪᠤᠳᠠᠬᠢ ᠭᠡᠷ ᠲᠦ᠍ ᠤᠮᠳᠠᠭ᠎ᠠ ᠴᠢᠢᠳᠡᠮ ᠢ᠋ᠶ᠋ᠡᠷ ᠳᠠᠢᠯᠠᠵᠤ ᠲᠡᠪᠴᠢᠶᠡᠷᠢ ᠶ᠋ᠢ ᠰᠢᠯᠭᠠᠭᠠᠳ ᠶᠠᠮᠠᠷ ᠨᠢᠭᠡᠨ ᠰᠡᠵᠢᠭ ᠢᠯᠡᠷᠡᠭᠡ ᠦᠭᠡᠢ ᠲᠣᠬᠢᠶᠠᠯᠳᠤᠯ ᠳ᠋ᠤ᠌ ᠪᠥᠬᠡ ᠨᠠᠷ ᠤ᠋ᠨ ᠠᠰᠠᠭᠠᠭᠰᠠᠨ ᠶᠡᠬᠡ ᠭᠠᠯ ᠤ᠋ᠨ ᠳᠤᠮᠳᠠᠭᠤᠷ ᠠᠯᠬᠤᠭᠤᠯᠤᠨ ᠠᠷᠢᠭᠤᠳᠬᠠᠵᠤ ᠰᠠᠶᠢ ᠬᠠᠭᠠᠳ ᠬᠠᠲᠤᠳ ᠲᠤ ᠪᠠᠷᠠᠯᠬᠠᠭᠤᠯᠳᠠᠭ ᠵᠠᠶᠠᠭ ᠲᠠᠢ᠃ ᠬᠠᠭᠠᠨ ᠤ᠋ ᠦᠷᠭᠦᠭᠡᠨ ᠳ᠋ᠦ᠍ ᠣᠷᠣᠬᠤ ᠳ᠋ᠠᠭᠠᠨ ᠪᠣᠱᠣᠭᠠᠨ ᠳᠡᠭᠡᠷ᠎ᠡ ᠭᠢᠰᠬᠢᠬᠦ᠂ ᠪᠦᠳᠦᠷᠢᠬᠦ᠂ ᠬᠠᠭᠠᠨ ᠡᠵᠡᠨ᠂ ᠬᠠᠲᠤᠨ ᠡᠬᠡ ᠶ᠋ᠢᠨ ᠥᠭᠡᠳᠡ ᠡᠭᠴᠡᠯᠡᠨ ᠬᠠᠷᠠᠬᠤ ᠵᠡᠷᠭᠡ ᠶ᠋ᠢ ᠬᠠᠲᠠᠭᠤ ᠬᠣᠷᠢᠭᠯᠠᠨ᠎ᠠ᠃ ᠬᠠᠷᠠᠬᠣᠷᠣᠮ ᠳ᠋ᠤ᠌ ᠪᠠᠢᠬᠤ ᠰᠤᠷᠬᠠᠭᠲᠠᠨᠢ ᠬᠠᠲᠤᠨ ᠤ᠋ ᠤᠷᠲᠤ ᠦᠷᠭᠦᠭᠡᠨ ᠦ᠌ ᠭᠠᠳᠠᠨᠠᠬᠢ ᠲᠠᠪᠤᠨ ᠭᠡᠷ ᠲᠦ᠍ ᠲᠠᠪᠤ ᠬᠣᠨᠣᠵᠤ ᠰᠢᠯᠭᠠᠭᠤᠷ ᠪᠦᠬᠦᠨ ᠢ᠋ ᠳᠠᠪᠠᠨ ᠨᠢᠭᠡᠨ ᠬᠥᠮᠦᠨ ᠪᠠᠷᠠᠯᠬᠠᠨ ᠢᠷᠡᠭᠰᠡᠨ ᠪᠠᠢᠪᠠ᠃ ᠡᠨᠡ ᠪᠣᠯ ᠬᠡᠷᠡᠢᠳ ᠠᠢᠮᠠᠭ ᠠ᠋ᠴᠠ ᠭᠠᠷᠤᠯ ᠲᠠᠢ ᠬᠥᠬᠡᠭᠴᠢᠨ ᠠᠵᠤᠭᠤ᠃ ᠬᠠᠷᠠᠬᠣᠷᠣᠮ ᠳ᠋ᠤ᠌ ᠪᠠᠢᠬᠤ ᠾᠷᠢᠰᠲ᠋ᠣᠰ ᠤ᠋ᠨ ᠰᠦᠮ᠎ᠡ ᠶ᠋ᠢᠨ ᠨᠣᠮᠯᠠᠭᠴᠢ ᠬᠥᠬᠡᠭᠴᠢᠨ ᠤᠴᠢᠷ ᠶᠠᠪᠤᠳᠠᠯ ᠢ᠋ᠶ᠋ᠠᠨ ᠲᠣᠭᠠᠴᠢᠵᠤ᠂
    —ᠬᠠᠲᠤᠨ ᠲᠠᠨ ᠢ᠋ ᠬᠡᠷᠡᠢᠳ ᠠᠢᠮᠠᠭ ᠤ᠋ᠨ ᠭᠠᠷᠤᠯ ᠲᠠᠢ ᠾᠷᠢᠰᠲ᠋ᠣᠰ ᠱᠠᠰᠢᠨᠲᠤ ᠬᠥᠮᠦᠨ ᠭᠡᠵᠦ ᠲᠤᠭᠤᠯᠤᠭᠰᠠᠨ᠂ ᠪᠢᠳᠡ ᠶᠡᠬᠡ ᠮᠣᠩᠭᠣᠯ ᠤᠯᠤᠰ ᠲᠤ ᠱᠠᠰᠢᠨ ᠰᠢᠲᠦᠯᠭᠡ ᠲᠡᠭᠰᠢ᠂ ᠰᠠᠢᠬᠠᠨ ᠠᠮᠢᠳᠤᠷᠠᠵᠤ ᠪᠠᠢᠭ᠎ᠠ ᠬᠡᠳᠦᠢ ᠴᠦ᠍ ᠰᠡᠳᠬᠢᠯ ᠦ᠋ᠨ ᠵᠣᠪᠠᠯᠠᠩ ᠢ᠋ ᠲᠡᠭᠡᠭᠡᠨ ᠪᠠᠢᠭ᠎ᠠ ᠶ᠋ᠢᠨ ᠤᠴᠢᠷ ᠢ᠋ ᠥᠴᠢᠬᠦ ᠭᠡᠰᠡᠨ ᠦᠭᠡ ᠶᠦᠮ ᠭᠡᠬᠦ ᠳ᠋ᠦ᠍ ᠬᠠᠲᠤᠨ᠄
      —ᠵᠣᠪᠠᠯᠠᠩ ᠢ᠋ᠶ᠋ᠠᠨ ᠥᠴᠢ ᠭᠡᠯ᠎ᠡ᠃
ᠡᠳᠦᠭᠡ ᠬᠠᠷᠠᠬᠣᠷᠣᠮ ᠳ᠋ᠤ᠌ ᠪᠠᠢᠬᠤ ᠱᠠᠰᠢᠨ ᠤ᠋ ᠰᠦᠮ᠎ᠡ ᠬᠡᠢᠳ ᠦ᠋ᠳ ᠪᠤᠶᠠᠨ ᠨᠣᠮ ᠤ᠋ᠨ ᠠᠵᠢᠯ ᠢ᠋ᠶ᠋ᠠᠨ ᠰᠠᠭᠠᠳ ᠲᠣᠳᠬᠠᠷ ᠦᠭᠡᠢ ᠬᠢᠵᠦ ᠭᠦᠢᠴᠡᠳᠬᠡᠵᠦ ᠪᠠᠢᠭ᠎ᠠ ᠴᠤ᠌ ᠠᠪᠤᠷᠠᠯ ᠡᠷᠢᠨ ᠢᠷᠡᠬᠦ ᠬᠥᠮᠦᠰ ᠲᠦ᠍ ᠥᠭᠯᠢᠭᠡ ᠬᠦᠷᠲᠡᠭᠡᠬᠦ ᠨᠢ ᠤᠯᠠᠮ ᠬᠦᠨᠳᠦ ᠪᠣᠯᠤᠭᠰᠠᠭᠠᠷ ᠪᠠᠢᠨ᠎ᠠ ᠭᠡᠪᠡ᠃
    — ᠡᠨᠡ ᠪᠦᠬᠦᠨ ᠶᠠᠭᠤᠨ ᠠ᠋ᠴᠠ ᠪᠣᠯᠪᠠ?
    — ᠪᠢᠳᠡᠨ ᠡᠴᠡ ᠠᠪᠴᠤ ᠪᠠᠢᠭ᠎ᠠ ᠬᠠᠭᠠᠨ ᠤ᠋ ᠲᠠᠲᠠᠪᠤᠷᠢ ᠶᠡᠬᠡᠰᠦᠨ ᠰᠠᠩ ᠬᠥᠮᠥᠷᠭᠡ ᠮᠠᠨᠢ ᠬᠣᠭᠣᠰᠣᠷᠠᠬᠤ ᠳ᠋ᠤ᠌ ᠬᠦᠷᠦᠭᠡᠳ ᠪᠠᠢᠨ᠎ᠠ᠃ ᠲᠡᠢᠮᠦ ᠡᠴᠡ ᠰᠦᠰᠦᠭᠲᠡᠨ ᠣᠯᠠᠨ ᠳ᠋ᠤ᠌ ᠬᠠᠭᠠᠨ ᠤ᠋ ᠵᠦᠭ ᠡᠴᠡ ᠢᠷᠡᠬᠦ ᠲᠠᠲᠠᠪᠤᠷᠢ ᠠ᠋ᠴᠠ ᠥᠴᠦᠬᠡᠨ ᠴᠦ᠍ ᠠᠲᠤᠭᠠᠢ ᠬᠥᠩᠭᠡᠯᠡᠵᠦ ᠥᠭᠬᠦ ᠪᠣᠯᠤᠮᠵᠢ ᠵᠠᠪᠰᠢᠶᠠᠨ ᠬᠠᠢᠨ ᠲᠠᠨ ᠳ᠋ᠤ᠌ ᠪᠠᠷᠠᠯᠬᠠᠵᠤ ᠪᠠᠢᠨ᠎ᠠ᠃
    ᠥᠪᠡᠷ ᠦ᠋ᠨ ᠱᠠᠰᠢᠨ ᠨᠢᠭᠡᠲᠦ ᠠᠬᠠᠨ ᠳᠡᠭᠦᠦᠰ ᠢ᠋ᠶ᠋ᠡᠨ ᠪᠣᠳᠣᠵᠤ ᠪᠢᠳᠡᠨ ᠦ᠌ ᠬᠦᠰᠡᠯᠲᠡ ᠶ᠋ᠢ ᠬᠦᠯᠢᠶᠡᠨ ᠠᠪᠬᠤ ᠪᠢᠵᠡ ᠭᠡᠮᠡᠨ ᠬᠦᠰᠡᠮᠵᠢᠯᠡᠬᠦ ᠪᠡᠷ ᠢᠷᠡᠭᠰᠡᠨ ᠶᠦᠮ ᠭᠡᠯ᠎ᠡ᠃
    —ᠪᠢ ᠬᠡᠳᠦᠢᠪᠡᠷ ᠬᠡᠷᠡᠢᠳ ᠠᠢᠮᠠᠭ ᠤ᠋ᠨ ᠬᠥᠮᠦᠨ᠂ ᠾᠷᠢᠰᠲ᠋ᠣᠰ ᠤ᠋ᠨ ᠱᠠᠰᠢᠨᠲᠠᠨ ᠤ᠋ ᠨᠢᠭᠡᠨ ᠴᠤ᠌ ᠶᠡᠬᠡ ᠡᠵᠡᠨ ᠬᠠᠭᠠᠨ ᠤ᠋ ᠠᠪᠤᠷᠠᠯ ᠳᠣᠣᠷ᠎ᠠ ᠡᠰᠢ ᠬᠠᠲᠤᠨ ᠡᠷᠭᠦᠮᠵᠢᠯᠡᠭᠳᠡᠭᠰᠡᠨ ᠴᠠᠭ ᠠ᠋ᠴᠠ ᠪᠦᠬᠦᠢ ᠯᠡ ᠱᠠᠰᠢᠨ ᠢ᠋ ᠬᠦᠨᠳᠦᠳᠬᠡᠨ ᠦᠵᠡᠬᠦ ᠪᠣᠯᠤᠭᠰᠠᠨ ᠪᠢᠯᠡ ᠭᠡᠵᠦ ᠬᠠᠲᠤᠨ ᠬᠠᠷᠢᠭᠤᠯᠤᠯ᠎ᠠ᠃ ᠬᠥᠬᠡᠭᠴᠢᠨ ᠳ᠋ᠦ᠍ ᠵᠥᠪᠰᠢᠶᠡᠷᠡᠬᠦ ᠦᠭᠡᠢ ᠭᠡᠰᠡᠨ ᠦᠭᠡ ᠬᠡᠯᠡᠵᠦ ᠪᠠᠢᠬᠤ ᠰᠢᠭ᠋ ᠪᠣᠯᠬᠤ ᠳ᠋ᠤ᠌《ᠬᠠᠭᠠᠳ ᠨᠣᠶᠠᠳ ᠤᠭ ᠠ᠋ᠴᠠ ᠠᠳᠠᠯᠢᠬᠠᠨ ᠶᠤᠮ ᠳᠠ᠂ ᠬᠡᠷᠡᠭ ᠦᠭᠡᠢ ᠴᠤ᠌ ᠢᠷᠡᠪᠡ ᠳᠠ》 ᠭᠡᠵᠦ ᠪᠣᠳᠣᠪᠠ᠃ ᠬᠠᠲᠤᠨ ᠴᠠᠭᠠᠰᠢ ᠶᠠᠭᠤᠮ᠎ᠠ ᠬᠡᠯᠡᠭᠰᠡᠨ ᠦᠭᠡᠢ᠃    
    ᠰᠤᠷᠬᠠᠭᠲᠠᠨᠢ ᠶ᠋ᠢᠨ ᠪᠣᠳᠣᠯ ᠤᠬᠠᠭᠠᠨ ᠲᠡᠷᠲᠡᠭᠡ ᠤᠷᠤᠭᠤ ᠬᠦᠪᠦᠷᠡᠵᠦ᠂ ᠥᠭᠡᠳᠡ ᠡᠴᠡ ᠨᠢ ᠬᠠᠷᠠᠭᠠᠳ ᠰᠠᠭᠤᠵᠤ ᠪᠠᠢᠭ᠎ᠠ ᠡᠨᠡ ᠬᠥᠮᠦᠨ ᠳ᠋ᠦ᠍ ᠲᠡᠷᠲᠡᠭᠡ ᠳ᠋ᠦ᠍ ᠦᠯᠡᠳᠡᠭᠰᠡᠨ ᠠᠮᠢᠳᠤᠷᠠᠯ᠂ ᠪᠠᠭ᠎ᠠ ᠪᠠᠯᠴᠢᠷ ᠨᠠᠰᠤᠨ ᠤ᠋ ᠬᠢᠨᠢ ᠡᠳᠦᠷ ᠦ᠋ᠳ ᠤᠷᠤᠭᠤ ᠬᠥᠲᠥᠯᠦᠨ ᠬᠦᠷᠭᠡᠬᠦ ᠰᠢᠭ᠌ ᠰᠠᠨᠠᠭᠳᠠᠨ᠎ᠠ᠃ ᠠᠪᠠᠭ᠎ᠠ ᠠᠬ᠎ᠠ ᠸᠠᠩ ᠬᠠᠨ ᠨᠢ ᠥᠪᠡᠷ ᠦ᠋ᠨ ᠣᠯᠠᠨ ᠳᠡᠭᠦᠦ ᠨᠠᠷ᠂ ᠭᠡᠷ ᠪᠦᠯᠢ ᠬᠥᠪᠡᠭᠦᠳ ᠥᠬᠢᠳ ᠦ᠋ᠨ ᠬᠠᠮᠲᠤ ᠪᠠᠷ ᠾᠷᠢᠰᠲ᠋ᠣᠰ ᠤ᠋ᠨ ᠱᠠᠰᠢᠨ ᠤ᠋ ᠨᠸᠰᠲ᠋ᠣᠷᠢᠶᠠᠨ ᠤᠷᠤᠰᠬᠠᠯ ᠢ᠋ ᠳᠡᠮᠵᠢᠭᠴᠢᠳ ᠪᠠᠢᠭᠰᠠᠨ ᠪᠢᠯᠡ᠃ ᠨᠢᠭᠡᠨ ᠤᠳᠠᠭ᠎ᠠ ᠮᠥᠷᠭᠥᠯ ᠦ᠋ᠨ ᠳᠠᠷᠠᠭ᠎ᠠ ᠡᠵᠢ ᠨᠢ ᠠᠷᠪᠠ ᠭᠠᠷᠤᠢᠬᠠᠨ ᠨᠠᠰᠤᠲᠠᠢ ᠪᠠᠢᠭᠰᠠᠨ ᠢᠪᠠᠭ᠎ᠠ᠂ ᠰᠤᠷᠬᠠᠭᠲᠠᠨᠢ ᠬᠣᠶᠠᠷ ᠲᠤ ᠸᠠᠳᠠᠩ ᠲᠠᠢ ᠵᠦᠢᠯ ᠥᠭᠭᠦᠨ᠂
      《ᠮᠢᠨᠦ ᠬᠣᠶᠠᠷ ᠥᠬᠢᠨ ᠶᠠᠳᠠᠭᠤᠰ ᠲᠤ ᠲᠠᠷᠬᠠᠭᠠᠬᠤ ᠥᠭᠯᠢᠭᠡ ᠶ᠋ᠢ ᠥᠪᠡᠷ ᠦ᠋ᠨ ᠭᠠᠷ ᠢ᠋ᠶ᠋ᠠᠷ ᠢ᠋ᠶ᠋ᠠᠨ ᠲᠦᠭᠡᠭᠡᠵᠦ ᠪᠠᠢ᠂ ᠪᠤᠶᠠᠨ ᠢᠷᠡᠳᠡᠭ ᠶᠦᠮ》 ᠭᠡᠵᠦ ᠬᠡᠯᠡᠭᠡᠳ ᠥᠭᠴᠡᠢ᠃ ᠮᠥᠷᠭᠥᠯ ᠦ᠋ᠨ ᠲᠡᠷᠡ ᠡᠳᠦᠷ ᠬᠣᠶᠠᠷ ᠥᠬᠢᠨ ᠥᠪᠡᠷ ᠦ᠋ᠨ ᠭᠠᠷ ᠢ᠋ᠶ᠋ᠠᠷ ᠥᠭᠯᠢᠭᠡ ᠲᠡᠷᠢᠭᠦᠲᠡᠨ ᠢ᠋ ᠶᠠᠳᠠᠭᠤᠰ ᠲᠤ ᠲᠠᠷᠬᠠᠭᠠᠨ ᠥᠭᠴᠦ  ᠪᠠᠢᠭᠰᠠᠨ ᠰᠠᠨᠠᠭᠳᠠᠨ᠎ᠠ᠃ ᠲᠡᠷᠡ ᠴᠠᠭ ᠠ᠋ᠴᠠ ᠬᠣᠢᠰᠢ ᠰᠤᠷᠬᠠᠭᠲᠠᠨᠢ ᠥᠯᠥᠰᠴᠦ ᠴᠠᠩᠭᠠᠭᠰᠠᠨ᠂ ᠶᠠᠳᠠᠷᠠᠵᠤ ᠵᠣᠪᠠᠭᠰᠠᠨ᠂ ᠲᠠᠭᠠᠷᠠᠵᠤ ᠬᠦᠷᠦᠭᠰᠡᠨ᠂ ᠠᠪᠤᠷᠠᠯ ᠬᠦᠰᠡᠭᠰᠡᠨ ᠬᠡᠨ ᠪᠦᠬᠦᠨ ᠳ᠋ᠦ᠍ ᠥᠪᠡᠷ ᠦ᠋ᠨ ᠭᠠᠷ ᠢ᠋ᠶ᠋ᠠᠷ ᠥᠭᠯᠢᠭᠡ ᠥᠭᠴᠦ ᠥᠰᠦᠭᠰᠡᠨ᠃ ᠬᠠᠷᠢᠨ ᠬᠠᠭᠠᠨ  ᠤ᠋ ᠪᠡᠷᠢ ᠪᠣᠯᠤᠨ ᠢᠷᠡᠭᠰᠡᠨ ᠴᠠᠭ ᠠ᠋ᠴᠠ ᠬᠣᠢᠰᠢ ᠥᠪᠡᠷ ᠦ᠋ᠨ ᠢᠨᠵᠢᠨ ᠳ᠋ᠦ᠍ ᠢᠷᠡᠭᠰᠡᠨ ᠬᠥᠮᠦᠰ ᠦ᠋ᠨ ᠳᠤᠮᠳᠠ ᠠ᠋ᠴᠠ᠂ ᠪᠠᠭ᠎ᠠ ᠠ᠋ᠴᠠ ᠪᠠᠨ ᠥᠨᠥᠴᠢᠷᠡᠵᠦ ᠡᠵᠢ ᠠᠪᠤ ᠶ᠋ᠢᠨ ᠬᠢᠨᠢ ᠭᠠᠷ ᠳᠡᠭᠡᠷ᠎ᠡ ᠥᠰᠦᠭᠰᠡᠨ᠂ ᠥᠨᠥ ᠥᠪᠡᠷ ᠦ᠋ᠨ ᠳᠠᠭᠠᠭᠤᠯ ᠠᠵᠢᠨ ᠲᠠᠢ ᠬᠠᠮᠲᠤ ᠶᠠᠳᠠᠭᠤᠰ ᠲᠤ ᠥᠭᠯᠢᠭᠡ ᠬᠡᠰᠢᠭ ᠲᠦᠭᠡᠭᠡᠨ ᠶᠠᠪᠤᠬᠤ ᠦᠶ᠎ᠡ ᠪᠠᠢᠭᠰᠠᠨ ᠴᠤ᠌ ᠴᠠᠭ ᠵᠠᠪ ᠢ᠋ᠶ᠋ᠠᠷ ᠬᠣᠮᠰᠠᠳᠠᠵᠤ ᠦᠷ᠎ᠡ ᠬᠡᠦᠬᠡᠳ  ᠥᠰᠬᠡᠬᠦ᠂ ᠣᠷᠣᠨ ᠭᠡᠷ ᠢ᠋ᠶ᠋ᠡᠨ ᠵᠠᠰᠠᠬᠤ ᠶᠡᠬᠡ ᠠᠵᠢᠯ ᠤ᠋ᠨ ᠳᠤᠮᠳᠠᠭᠤᠷ ᠬᠡᠰᠡᠭ ᠣᠷᠬᠢᠭᠳᠠᠭᠰᠠᠨ ᠪᠠᠢᠯ᠎ᠠ᠃ ᠬᠥᠬᠡᠭᠴᠢᠨ ᠦ᠌ ᠡᠨᠡ ᠶᠠᠷᠢᠶ᠎ᠠ ᠶ᠋ᠢ ᠪᠣᠳᠣᠬᠤ ᠵᠠᠭᠤᠷ᠎ᠠ ᠡᠵᠡᠨ ᠬᠠᠭᠠᠨ ᠤ᠋ ᠬᠤᠷᠢᠶᠠᠭᠰᠠᠨ ᠶᠡᠬᠡ ᠤᠯᠤᠰ ᠴᠠᠭ ᠤ᠋ᠨ ᠠᠶᠠᠰ ᠢ᠋ᠶ᠋ᠠᠷ ᠬᠦᠴᠦᠨ ᠰᠤᠯᠠᠷᠠᠵᠤ᠂ ᠴᠠᠭᠠᠵᠠ ᠴᠤ᠌ ᠠᠯᠭᠤᠷ ᠢ᠋ᠶ᠋ᠠᠷ ᠮᠠᠷᠲᠠᠭᠳᠠᠨ ᠪᠠᠢᠭ᠎ᠠ ᠶ᠋ᠢ ᠠᠩᠵᠠᠭᠠᠷᠠᠵᠤ ᠪᠠᠢᠯ᠎ᠠ᠃ ᠲᠡᠷᠡ ᠪᠡᠷ ᠰᠠᠶᠢ ᠠᠮᠠ ᠨᠡᠭᠡᠭᠡᠵᠦ᠂
    — ᠥᠭᠯᠢᠭᠡ ᠶ᠋ᠢᠨ ᠡᠵᠡᠨ ᠬᠡᠨ ᠴᠦ᠍ ᠪᠠᠢᠯ᠎ᠠ ᠭᠡᠰᠡᠨ ᠲᠡᠳᠡᠨ ᠦ᠌ ᠪᠤᠶᠠᠨ ᠤ᠋ ᠦᠢᠯᠡ ᠶ᠋ᠢ ᠲᠠᠰᠤᠳᠠᠵᠤ ᠶᠠᠭᠠᠬᠢᠨ ᠪᠣᠯᠬᠤ ᠪᠢᠯᠡ᠃ ᠥᠨᠥᠳᠥᠷ ᠡᠴᠡ ᠡᠬᠢᠯᠡᠭᠡᠳ ᠬᠠᠷᠠᠬᠣᠷᠣᠮ ᠳ᠋ᠤ᠌ ᠪᠣᠯᠤᠭᠰᠠᠨ ᠱᠠᠰᠢᠨ ᠤ᠋ ᠪᠦᠬᠦ ᠰᠦᠮ᠎ᠡ ᠬᠡᠢᠳ  ᠦᠳ ᠢ᠋ ᠡᠯᠳᠡᠪ ᠲᠠᠲᠠᠪᠤᠷᠢ ᠠ᠋ᠴᠠ ᠴᠢᠯᠥᠭᠡᠯᠡᠵᠦ᠂ ᠲᠡᠷᠡ ᠴᠤ᠌ ᠪᠦᠦ ᠬᠡᠯᠡ᠂ ᠪᠢᠴᠢᠭ ᠦ᠋ᠨ ᠬᠥᠮᠦᠨ᠂ ᠡᠷᠳᠡᠮ ᠨᠣᠮ ᠳ᠋ᠤ᠌ ᠰᠢᠮᠳᠠᠨ ᠪᠣᠢ ᠡᠷᠬᠢᠮ᠂ ᠤᠷᠠᠨ ᠳᠠᠷᠬᠠᠨ᠂ ᠭᠠᠷ ᠤ᠋ᠨ ᠳᠦᠢᠲᠡᠢ ᠬᠥᠮᠦᠰ ᠢ᠋ ᠲᠠᠲᠠᠪᠤᠷᠢ ᠠ᠋ᠴᠠ ᠴᠢᠯᠥᠭᠡᠯᠡᠬᠦ ᠪᠣᠯᠤᠨ᠎ᠠ᠃ ᠬᠥᠬᠡᠭᠴᠢᠨ ᠴᠢᠨᠦ ᠢᠷᠡᠭᠰᠡᠨ ᠴᠢᠨᠢ ᠰᠠᠢᠨ ᠬᠡᠷᠡᠭ ᠭᠡᠵᠦ ᠬᠡᠯᠡᠪᠡ᠃ ᠢᠷᠡᠭᠰᠡᠨ ᠬᠥᠮᠦᠨ ᠦ᠌ ᠴᠢᠷᠠᠢ ᠳ᠋ᠤ᠌ ᠪᠠᠶᠠᠷ ᠭᠡᠢᠵᠦ᠂
    —ᠬᠠᠲᠤᠨ ᠤ᠋ ᠠᠪᠤᠷᠠᠯ ᠳ᠋ᠤ᠌ ᠮᠥᠷᠭᠥᠮᠦ᠂ ᠠᠪᠤᠷᠠᠯ ᠬᠡᠰᠢᠭ ᠲᠦ᠍ ᠲᠠᠯᠠᠷᠬᠠᠶ᠎ᠠ ᠭᠡᠮᠡᠨ ᠲᠣᠯᠣᠭᠠᠢ ᠪᠠᠨ ᠳᠣᠭᠣᠭᠰᠢ ᠲᠣᠩᠭᠣᠢᠯᠭᠠᠨ ᠲᠠᠯ᠎ᠠ ᠨᠤᠲᠤᠭ ᠤ᠋ᠨ ᠬᠥᠮᠦᠨ ᠦ᠌ ᠠᠳᠠᠯᠢ ᠬᠠᠲᠤᠨ ᠳ᠋ᠤ᠌ ᠬᠦᠨᠳᠦᠳᠬᠡᠯ ᠢᠯᠡᠷᠬᠡᠢᠯᠡᠬᠦ ᠳ᠋ᠦ᠍ ᠰᠤᠷᠬᠠᠭᠲᠠᠨᠢ ᠬᠠᠲᠤᠨ ᠲᠡᠭᠦᠨ ᠢ᠋ ᠣᠷᠬᠢᠨ ᠦᠷᠭᠦᠭᠡᠨ ᠡᠴᠡ ᠭᠠᠷᠴᠤ ᠶᠠᠪᠤᠯ᠎ᠠ᠃
        ᠲᠡᠷᠡ ᠨᠢᠭᠡᠨ ᠡᠳᠦᠷ ᠡᠴᠡ ᠬᠣᠢᠰᠢ ᠬᠠᠷᠠᠬᠣᠷᠣᠮ ᠳ᠋ᠤ᠌ ᠪᠠᠢᠬᠤ ᠱᠠᠰᠢᠨ ᠤ᠋ ᠰᠦᠮ᠎ᠡ ᠬᠡᠢᠳ ᠦ᠋ᠳ ᠰᠠᠨᠠᠭ᠎ᠠ ᠵᠣᠪᠠᠬᠤ ᠵᠦᠢᠯ ᠦᠭᠡᠢ ᠪᠡᠷ ᠦᠢᠯᠡ ᠠᠵᠢᠯᠯᠠᠭ᠎ᠠ ᠪᠠᠨ ᠦᠷᠭᠦᠯᠵᠢᠯᠡᠭᠦᠯᠬᠦ ᠪᠣᠯᠤᠯ᠎ᠠ᠃ ᠡᠨᠡ ᠪᠣᠯ ᠰᠤᠷᠬᠠᠭᠲᠠᠨᠢ ᠬᠠᠲᠤᠨ ᠤ᠋ ᠬᠠᠷᠠᠬᠣᠷᠣᠮ ᠳ᠋ᠤ᠌ ᠢᠷᠡᠭᠡᠳ ᠬᠢᠭᠰᠡᠨ ᠠᠩᠬᠠᠨ ᠤ᠋ ᠠᠵᠢᠯ᠂ ᠭᠠᠷᠭᠠᠭᠰᠠᠨ ᠠᠩᠬᠠᠨ ᠤ᠋ ᠰᠢᠢᠳᠪᠦᠷᠢ ᠪᠠᠢᠯ᠎ᠠ᠃ ᠡᠨᠡ ᠶᠠᠪᠤᠳᠠᠯ ᠠ᠋ᠴᠠ ᠬᠣᠢᠰᠢ ᠬᠡᠳᠦᠨ ᠬᠣᠨᠣᠭ ᠤ᠋ᠨ ᠳᠠᠷᠠᠭ᠎ᠠ ᠬᠠᠲᠤᠨ ᠤ᠋ ᠦᠷᠭᠦᠭᠡᠨ ᠳ᠋ᠦ᠍ ᠬᠣᠭᠣᠷᠣᠨᠳᠣ ᠪᠠᠨ ᠥᠭᠡᠷ᠎ᠡ ᠥᠭᠡᠷ᠎ᠡ ᠵᠢᠰᠦ ᠴᠢᠷᠠᠢ᠂ ᠬᠤᠪᠴᠠᠰᠤ ᠡᠳ᠋ᠯᠡᠯ᠂ ᠱᠠᠰᠢᠨ ᠰᠢᠲᠦᠯᠭᠡ᠂ ᠰᠦᠰᠦᠭ ᠪᠢᠰᠢᠷᠡᠯ ᠲᠡᠢ ᠬᠡᠳᠦᠨ ᠬᠥᠮᠦᠨ ᠪᠠᠷᠠᠯᠬᠠᠨ ᠢᠷᠡᠭᠰᠡᠨ ᠨᠢ ᠡᠳᠦᠭᠡ ᠬᠠᠷᠠᠬᠣᠷᠣᠮ ᠳ᠋ᠤ᠌ ᠪᠠᠢᠬᠤ ᠣᠯᠠᠨ ᠱᠠᠰᠢᠨ ᠤ᠋ ᠰᠦᠮ᠎ᠡ ᠬᠡᠢᠳ ᠦ᠋ᠳ ᠦ᠋ᠨ ᠲᠥᠯᠥᠭᠡᠯᠡᠭᠴᠢ ᠨᠢ ᠪᠠᠢᠯ᠎ᠠ᠃ ᠥᠪᠡᠷ ᠥᠪᠡᠷ ᠦ᠋ᠨ ᠱᠠᠰᠢᠨ ᠰᠢᠲᠦᠯᠭᠡ ᠵᠠᠩ ᠵᠠᠩᠰᠢᠯ ᠢ᠋ ᠪᠠᠷᠢᠮᠲᠠᠯᠠᠨ ᠶᠠᠪᠤᠬᠤ ᠡᠨᠡ ᠬᠥᠮᠦᠰ ᠦ᠋ᠨ ᠦᠵᠡᠯ ᠪᠣᠳᠣᠯ ᠬᠣᠭᠣᠷᠣᠨᠳᠣ ᠪᠠᠨ ᠠᠳᠠᠯᠢ ᠦᠭᠡᠢ ᠪᠣᠯᠪᠠᠴᠤ ᠲᠡᠳᠡ ᠭᠠᠭᠴᠠᠬᠠᠨ ᠵᠦᠢᠯ ᠳᠡᠭᠡᠷ᠎ᠡ ᠨᠢᠭᠡᠳᠴᠦ᠂ ᠬᠠᠲᠤᠨ ᠡᠬᠡ ᠳ᠋ᠦ᠍ ᠬᠠᠮᠲᠤ ᠪᠠᠷᠠᠯᠬᠠᠬᠤ ᠰᠢᠢᠳᠪᠦᠷᠢ ᠭᠠᠷᠭᠠᠵᠠᠢ᠃ ᠬᠣᠭᠣᠷᠣᠨᠳᠣ ᠪᠠᠨ ᠲᠡᠳᠦᠢ ᠯᠡ ᠰᠠᠢᠨ ᠪᠠᠢᠳᠠᠭ ᠦᠭᠡᠢ ᠱᠠᠰᠢᠨ ᠤ᠋ ᠲᠥᠯᠥᠭᠡᠯᠡᠭᠴᠢ ᠨᠦ᠍ᠭᠦᠳ ᠴᠣᠬᠣᠮ ᠶᠠᠭᠤᠨ ᠤ᠋ ᠤᠴᠢᠷ ᠨᠢᠭᠡᠳᠦᠨ ᠰᠤᠷᠬᠠᠭᠲᠠᠨᠢ ᠳ᠋ᠤ᠌ ᠪᠠᠷᠠᠯᠬᠠᠬᠤ ᠪᠣᠯᠤᠭᠰᠠᠨ ᠶᠤᠮ ᠪᠣᠯ? ᠢᠷᠡᠭᠰᠡᠨ ᠬᠥᠮᠦᠰ ᠬᠠᠲᠤᠨ ᠡᠬᠡ ᠶ᠋ᠢᠨ ᠡᠮᠦᠨ᠎ᠡ ᠥᠭᠯᠢᠭᠡ ᠰᠡᠯᠲᠡ ᠶ᠋ᠢ ᠥᠷᠥᠵᠦ᠂ ᠭᠦᠨ᠎ᠡ ᠬᠦᠨᠳᠦᠳᠬᠡᠯ ᠦᠵᠡᠭᠦᠯᠦᠨ᠂ ᠶᠡᠬᠡ ᠶᠣᠰᠣ ᠶ᠋ᠢ ᠦᠢᠯᠡᠳᠦᠭᠰᠡᠨ ᠦ᠌ ᠳᠠᠷᠠᠭ᠎ᠠ ᠲᠡᠳᠡᠨ ᠦ᠌ ᠳᠤᠮᠳᠠ ᠠ᠋ᠴᠠ ᠤᠷᠢᠳ ᠨᠢᠭᠡᠨ ᠡᠳᠦᠷ ᠬᠠᠲᠤᠨᠲᠠᠨ ᠳ᠋ᠤ᠌ ᠪᠠᠷᠠᠯᠬᠠᠨ ᠢᠷᠡᠭᠰᠡᠨ ᠬᠡᠷᠡᠢᠳ ᠠᠢᠮᠠᠭ ᠠ᠋ᠴᠠ ᠭᠠᠷᠤᠯ ᠲᠠᠢ ᠬᠥᠬᠡᠭᠴᠢᠨ ᠭᠡᠬᠦ ᠾᠷᠢᠰᠲ᠋ᠣᠰ ᠤ᠋ᠨ ᠰᠦᠮ᠎ᠡ ᠶ᠋ᠢᠨ ᠨᠣᠮᠯᠠᠭᠴᠢ᠄
    —ᠬᠠᠲᠤᠨ ᠡᠬᠡ ᠶ᠋ᠢᠨ ᠠᠪᠤᠷᠠᠯ ᠪᠤᠶᠠᠨ ᠳᠠᠯᠠᠢ ᠪᠣᠯᠵᠤ᠂ ᠬᠠᠭᠠᠨᠲᠤ ᠲᠥᠷᠥ ᠶ᠋ᠢᠨ ᠰᠤᠤ ᠠᠯᠳᠠᠷ ᠪᠠᠳᠠᠷᠠᠲᠤᠭᠠᠢ᠃ ᠬᠠᠲᠤᠨ ᠡᠬᠡ ᠶ᠋ᠢᠨ ᠨᠢᠭᠦᠯᠡᠰᠦᠯ ᠢ᠋ᠶ᠋ᠡᠷ ᠰᠦᠮ᠎ᠡ ᠬᠡᠢᠳ ᠦ᠋ᠳ ᠰᠡᠷᠭᠦᠵᠦ᠂ ᠪᠤᠶᠠᠨ ᠤ᠋ ᠵᠠᠮ ᠮᠥᠷ ᠢ᠋ᠶ᠋ᠡᠨ ᠬᠥᠭᠡᠭᠡᠬᠦ ᠪᠣᠯᠤᠮᠵᠢ ᠨᠡᠭᠡᠭᠡᠭᠳᠡᠭᠰᠡᠨ ᠲᠤᠯᠠ ᠲᠠᠨ ᠳ᠋ᠤ᠌ ᠭᠦᠨ ᠬᠦᠨᠳᠦᠳᠬᠡᠯ ᠢᠯᠡᠷᠬᠡᠢᠯᠡᠨ ᠪᠠᠷᠠᠯᠬᠠᠵᠤ ᠪᠠᠢᠨ᠎ᠠ ᠭᠡᠵᠦ ᠬᠡᠯᠡᠬᠦ ᠳ᠋ᠦ᠍ ᠲᠡᠳᠡᠨ ᠦ᠌ ᠳᠤᠮᠳᠠ ᠠ᠋ᠴᠠ ᠮᠦᠬᠠᠮᠸᠳ᠋ ᠰᠠᠷᠢ ᠭᠡᠬᠦ ᠯᠠᠯᠤ ᠶ᠋ᠢᠨ ᠱᠠᠰᠢᠨᠲᠤ ᠡᠷᠬᠢᠮ᠄
    —ᠬᠠᠲᠤᠨ ᠲᠠᠨ ᠤ᠋ ᠰᠦᠮ᠎ᠡ ᠬᠡᠢᠳ ᠦ᠋ᠳ ᠢ᠋ ᠲᠠᠲᠠᠪᠤᠷᠢ ᠠ᠋ᠴᠠ ᠴᠢᠯᠥᠭᠡᠯᠡᠭᠰᠡᠨ ᠠᠴᠢ ᠪᠤᠶᠠᠨ ᠢ᠋ᠶ᠋ᠠᠷ ᠪᠢᠳᠡ ᠥᠨᠥᠳᠥᠷ ᠥᠪᠡᠷ ᠥᠪᠡᠷ ᠦ᠋ᠨ ᠰᠦᠮ᠎ᠡ ᠬᠡᠢᠳ ᠲᠡᠭᠡᠨ ᠰᠡᠳᠬᠢᠯ ᠠᠮᠤᠭᠤᠯᠠᠩ ᠪᠠᠢᠵᠤ᠂ ᠰᠠᠨᠠᠭ᠎ᠠ ᠠᠮᠤᠷ ᠰᠠᠭᠤᠬᠤ ᠪᠣᠯᠤᠯ᠎ᠠ ᠭᠡᠪᠡ᠃ ᠡᠨᠡ ᠦᠭᠡ ᠶ᠋ᠢ ᠵᠠᠯᠭᠠᠭᠤᠯᠤᠨ ᠪᠤᠷᠬᠠᠨ ᠤ᠋ ᠱᠠᠰᠢᠨ ᠤ᠋ ᠯᠠᠮᠠᠲᠠᠨ ᠭᠣᠩᠭ᠎ᠠ ᠭᠡᠭᠴᠢ᠂
    —ᠥᠭᠯᠢᠭᠡ ᠲᠡᠷᠢᠭᠦᠲᠡᠨ ᠢ᠋ᠶ᠋ᠡᠷ ᠡᠳᠦᠷ ᠬᠣᠨᠣᠭ ᠢ᠋ᠶ᠋ᠠᠨ ᠵᠠᠯᠭᠠᠭᠤᠯᠬᠤ ᠰᠦᠮ᠎ᠡ ᠬᠡᠢᠳ ᠦ᠋ᠳ ᠬᠢᠷᠢ ᠡᠴᠡ ᠬᠡᠲᠦᠷᠡᠭᠰᠡᠨ ᠶᠡᠬᠡ ᠲᠠᠲᠠᠪᠤᠷᠢ ᠶ᠋ᠢ ᠬᠠᠭᠠᠨᠲᠤ ᠲᠥᠷᠥ ᠳ᠋ᠦ᠍ ᠲᠥᠯᠥᠵᠦ ᠪᠠᠢᠬᠤ ᠳ᠋ᠤ᠌ ᠪᠤᠶᠠᠨ ᠨᠣᠮ ᠤ᠋ᠨ ᠠᠵᠢᠯ ᠢ᠋ᠶ᠋ᠠᠨ ᠰᠠᠭᠠᠳ ᠲᠣᠳᠬᠠᠷ ᠦᠭᠡᠢ ᠬᠢᠬᠦ ᠪᠣᠯᠤᠮᠵᠢ ᠦᠭᠡᠢ ᠪᠣᠯᠵᠤ᠂ ᠪᠢᠳᠡ ᠬᠠᠭᠠᠯᠭ᠎ᠠ ᠪᠠᠨ ᠪᠠᠷᠢᠬᠤ ᠳ᠋ᠤ᠌ ᠬᠦᠷᠦᠭᠡᠳ ᠪᠠᠢᠭᠰᠠᠨ ᠪᠢᠯᠡ᠃ ᠬᠠᠲᠤᠨ ᠲᠠᠨ ᠤ᠋ ᠮᠡᠷᠭᠡᠨ ᠤᠬᠠᠭᠠᠨ ᠢ᠋ᠶ᠋ᠠᠷ ᠬᠠᠮᠤᠭ ᠰᠦᠰᠦᠭᠲᠡᠨ ᠨᠦ᠍ᠭᠦᠳ ᠮᠠᠩᠨᠠᠢ ᠲᠡᠨᠢᠢᠵᠦ ᠪᠣᠢ ᠲᠤᠯᠠ ᠡᠨᠡ ᠡᠳᠦᠷ ᠪᠢᠳᠡ ᠨᠢᠭᠡᠳᠦᠨ ᠢᠷᠡᠵᠦ ᠬᠠᠲᠤᠨ ᠲᠠᠨ ᠳ᠋ᠤ᠌ ᠶᠡᠬᠡ ᠬᠦᠨᠳᠦᠳᠬᠡᠯ ᠢ᠋ ᠢᠯᠡᠷᠬᠡᠢᠯᠡᠨ ᠪᠠᠢᠭ᠎ᠠ ᠶ᠋ᠢ ᠮᠢᠨᠢ ᠪᠣᠯᠭᠣᠭᠠᠮᠤ! ᠭᠡᠪᠡ᠃
    《ᠥᠪᠡᠷ ᠥᠪᠡᠷ ᠦ᠋ᠨ ᠱᠠᠰᠢᠨ ᠰᠢᠲᠦᠯᠭᠡ᠂ ᠰᠦᠰᠦᠭ ᠪᠢᠰᠢᠷᠡᠯ᠂ ᠢᠲᠡᠭᠡᠯ ᠦᠨᠡᠮᠰᠢᠯ ᠦ᠋ᠨ ᠲᠥᠯᠥᠭᠡ ᠶᠠᠪᠤᠬᠤ ᠡᠨᠡ ᠬᠥᠮᠦᠰ᠂ ᠥᠨᠥᠳᠥᠷ ᠨᠢᠭᠡᠳᠦᠨ ᠨᠠᠳᠠ ᠳ᠋ᠤ᠌ ᠪᠠᠷᠠᠯᠬᠠᠨ ᠢᠷᠡᠭᠰᠡᠨ ᠨᠢ ᠦᠩᠭᠡᠴᠢ ᠬᠠᠷᠠᠬᠤ ᠳ᠋ᠤ᠌ ᠬᠠᠴᠢᠷᠬᠠᠯ ᠲᠠᠢ ᠮᠡᠲᠦ ᠪᠠᠢᠪᠠᠴᠤ ᠦᠨᠡᠨ ᠬᠡᠷᠡᠭ ᠳᠡᠭᠡᠷ᠎ᠡ ᠪᠡᠨ ᠡᠳᠡᠨ ᠦ᠌ ᠵᠣᠷᠢᠯᠭ᠎ᠠ ᠨᠢᠭᠡ ᠶᠦᠮ᠃ ᠡᠳᠡ ᠥᠪᠡᠷ ᠥᠪᠡᠷ ᠦ᠋ᠨ ᠱᠠᠰᠢᠨ ᠢ᠋ ᠨᠣᠮᠯᠠᠵᠤ ᠪᠠᠢᠭ᠎ᠠ ᠴᠤ᠌᠂ᠥᠪᠡᠷ ᠥᠪᠡᠷ ᠦ᠋ᠨ ᠵᠠᠮ ᠢ᠋ᠶ᠋ᠠᠷ ᠵᠠᠮᠨᠠᠵᠤ ᠶᠠᠪᠤᠭ᠎ᠠ ᠴᠤ᠌᠂ ᠣᠴᠢᠬᠤ ᠭᠠᠵᠠᠷ ᠨᠢ ᠨᠢᠭᠡ᠂ ᠲᠡᠷᠡ ᠪᠣᠯ ᠲᠩᠷᠢ ᠪᠤᠷᠬᠠᠨ》ᠭᠡᠮᠡᠨ ᠰᠤᠷᠬᠠᠭᠲᠠᠨᠢ ᠬᠠᠲᠤᠨ ᠳᠣᠲᠣᠷ᠎ᠠ ᠪᠠᠨ ᠪᠣᠳᠣᠯ᠎ᠠ᠃
    —ᠨᠢᠭᠡᠨᠲᠡ ᠶᠡᠬᠡ ᠡᠵᠡᠨ ᠬᠠᠭᠠᠨ ᠪᠦᠬᠦ ᠱᠠᠰᠢᠨ ᠢ᠋ ᠬᠦᠯᠢᠶᠡᠨ ᠵᠥᠪᠰᠢᠶᠡᠷᠡᠭᠰᠡᠨ ᠲᠤᠯᠠ ᠲᠠ ᠪᠦᠬᠦᠨ ᠡᠨᠳᠡ ᠪᠠᠢᠭ᠎ᠠ ᠶᠤᠮ᠃ ᠥᠭᠯᠢᠭᠡ ᠶ᠋ᠢᠨ ᠡᠵᠡᠨ ᠬᠡᠨ ᠴᠦ᠍ ᠪᠠᠢᠯ᠎ᠠ ᠭᠡᠰᠡᠨ ᠲᠡᠳᠡᠨ ᠦ᠌ ᠦᠢᠯᠡ ᠬᠡᠷᠡᠭ ᠢ᠋ ᠲᠠᠰᠤᠳᠠᠵᠤ ᠶᠠᠭᠠᠬᠢᠨ ᠪᠣᠯᠬᠤ ᠪᠢᠯᠡ᠃ ᠥᠨᠥᠳᠥᠷ ᠲᠠ ᠨᠠᠷ ᠴᠤᠭᠭᠠᠷ ᠨᠢᠭᠡᠳᠦᠨ ᠨᠠᠳᠠ ᠳ᠋ᠤ᠌ ᠪᠠᠷᠠᠯᠬᠠᠨ ᠪᠣᠢ ᠶ᠋ᠢ ᠬᠠᠷᠠᠬᠤ ᠪᠠᠬᠠᠳᠤᠯ ᠲᠠᠢ ᠪᠠᠢᠨ᠎ᠠ᠃ ᠲᠠ ᠨᠠᠷ ᠤ᠋ᠨ ᠵᠠᠮ ᠥᠭᠡᠷ᠎ᠡ ᠬᠡᠳᠦᠢ ᠴᠦ᠍ ᠵᠣᠷᠢᠯᠭ᠎ᠠ ᠨᠢᠭᠡ ᠭᠡᠳᠡᠭ ᠢ᠋ ᠪᠡᠨ ᠤᠬᠠᠭᠠᠷᠠᠭᠰᠠᠨ ᠬᠡᠷᠡᠭ᠃ ᠮᠠᠨ ᠤ᠋ ᠭᠠᠵᠠᠷ ᠨᠤᠲᠤᠭ ᠲᠤ᠌ ᠠᠮᠤᠷ ᠠᠮᠤᠭᠤᠯᠠᠩ ᠰᠠᠭᠤᠵᠤ᠂ ᠪᠤᠶᠠᠨ ᠨᠣᠮ ᠢ᠋ᠶ᠋ᠠᠨ ᠦᠷᠭᠦᠯᠵᠢᠯᠡᠭᠦᠯᠦᠨ ᠬᠢᠬᠦ ᠳ᠋ᠦ᠍ ᠲᠠᠨᠢ ᠳᠠᠬᠢᠨ ᠰᠠᠭᠠᠳ ᠤᠴᠠᠷᠠᠬᠤ ᠦᠭᠡᠢ ᠭᠡᠮᠡᠨ ᠬᠡᠯᠡᠯ᠎ᠡ᠃ ᠢᠷᠡᠭᠰᠡᠨ ᠬᠥᠮᠦᠰ ᠬᠠᠲᠤᠨ ᠡᠬᠡ ᠳ᠋ᠤ᠌ ᠬᠦᠨᠳᠦᠳᠬᠡᠯ ᠦᠵᠡᠭᠦᠯᠦᠭᠡᠳ ᠬᠣᠢᠰᠢ ᠤᠬᠤᠷᠢᠭᠰᠠᠭᠠᠷ ᠦᠷᠭᠦᠭᠡᠨ ᠡᠴᠡ ᠭᠠᠷᠴᠢᠬᠠᠪᠠ᠃
       ᠮᠣᠩᠭᠣᠯ ᠤ᠋ᠨ ᠲᠠᠯ᠎ᠠ ᠨᠤᠲᠤᠭ ᠲᠠᠭᠠᠨ ᠢᠷᠡᠭᠡᠳ ᠬᠡᠳᠦᠨ ᠰᠠᠷ᠎ᠠ ᠶ᠋ᠢ ᠥᠩᠭᠡᠷᠡᠭᠦᠯᠦᠭᠰᠡᠨ ᠪᠠᠲᠤ ᠶ᠋ᠢᠨ ᠭᠡᠷ ᠥᠷᠭᠥᠭᠡ ᠬᠠᠷᠠᠬᠣᠷᠣᠮ ᠠ᠋ᠴᠠ ᠬᠤᠭᠤᠰ ᠡᠳᠦᠷ ᠦ᠋ᠨ ᠵᠠᠢ ᠳ᠋ᠤ᠌ ᠪᠠᠭᠤᠳᠠᠯᠯᠠᠭᠰᠠᠨ ᠨᠢ ᠬᠠᠭᠠᠨ ᠤ᠋ ᠬᠠᠲᠤᠳ᠂ ᠠᠯᠪᠠᠲᠤ ᠠᠷᠠᠳ ᠤ᠋ᠳ ᠤ᠋ᠨ ᠭᠡᠷ ᠪᠠᠷᠠᠭ᠎ᠠ ᠲᠠᠢ ᠨᠡᠢᠯᠡᠭᠡᠳ ᠠᠯᠤᠰ ᠠ᠋ᠴᠠ ᠰᠢᠬᠦᠷᠯᠡᠨ ᠪᠠᠭᠤᠭᠰᠠᠨ ᠶᠡᠬᠡ ᠬᠣᠲᠠ ᠰᠢᠭ᠋ ᠴᠡᠪᠴᠡᠢᠨ ᠴᠠᠢᠵᠤ ᠬᠠᠷᠠᠭᠳᠠᠨ᠎ᠠ᠃ ᠡᠨᠳᠡ ᠲᠤᠩ ᠤᠳᠠᠬᠤ ᠦᠭᠡᠢ ᠬᠥᠳᠡᠯᠬᠦ ᠭᠡᠵᠦ ᠪᠠᠢᠭ᠎ᠠ ᠠᠯᠲᠠᠨ ᠤᠷᠤᠭ ᠤ᠋ᠨ ᠠᠬᠠᠮᠠᠳ ᠬᠥᠪᠡᠭᠦᠳ ᠴᠤᠭᠯᠠᠭᠰᠠᠨ ᠪᠠᠢᠯ᠎ᠠ᠃ ᠴᠢᠩᠭᠢᠰ ᠬᠠᠭᠠᠨ ᠤ᠋ ᠠᠴᠢ ᠬᠥᠪᠡᠭᠦᠳ ᠡᠴᠡ ᠥᠨᠥ ᠬᠠᠮᠤᠭ ᠤ᠋ᠨ ᠠᠬᠠᠮᠠᠳ ᠨᠢ ᠪᠣᠯᠤᠭᠰᠠᠨ ᠪᠠᠲᠤ ᠶ᠋ᠢᠨ ᠦᠷᠭᠦᠭᠡᠨ ᠳ᠋ᠦ᠍ ᠠᠯᠲᠠᠨ ᠤᠷᠤᠭ ᠤ᠋ᠨ ᠠᠬᠠᠮᠠᠳ ᠬᠥᠪᠡᠭᠦᠳ ᠡᠢᠨ ᠴᠤᠭᠯᠠᠭᠰᠠᠨ ᠨᠢ ᠲᠤᠩ ᠤᠳᠠᠬᠤ ᠦᠭᠡᠢ ᠬᠥᠳᠡᠯᠬᠦ ᠭᠡᠵᠦ ᠪᠠᠢᠭ᠎ᠠ ᠶᠡᠬᠡ ᠠᠶᠠᠨ ᠲᠡᠢᠨ ᠦ᠌ ᠲᠥᠯᠥᠪᠯᠡᠭᠡ ᠪᠡᠨ ᠬᠡᠯᠡᠯᠴᠡᠵᠦ ᠪᠣᠢ ᠬᠡᠷᠡᠭ ᠶᠦᠮ᠃ ᠥᠭᠡᠳᠡᠢ ᠬᠠᠭᠠᠨ ᠤ᠋ ᠡᠵᠡᠭᠦᠢ ᠳ᠋ᠦ᠍ ᠲᠥᠷᠥ ᠶ᠋ᠢᠨ ᠡᠷᠬᠡ ᠶ᠋ᠢ ᠮᠡᠳᠡᠨ ᠦᠯᠡᠳᠡᠭᠰᠡᠨ ᠬᠥᠮᠦᠨ ᠦ᠌ ᠬᠤᠪᠢ ᠳ᠋ᠤ᠌ ᠰᠤᠷᠬᠠᠭᠲᠠᠨᠢ ᠬᠠᠲᠤᠨ᠂ ᠡᠨᠡ ᠴᠤᠭᠯᠠᠭᠠᠨ ᠳ᠋ᠤ᠌ ᠣᠷᠣᠯᠴᠠᠵᠤ ᠪᠠᠢᠯ᠎ᠠ᠃ ᠡᠨᠡ ᠶᠡᠬᠡ ᠦᠷᠭᠦᠭᠡᠨ ᠳ᠋ᠦ᠍ ᠪᠠᠲᠤ ᠠ᠋ᠴᠠ ᠭᠠᠳᠠᠨ᠎ᠠ᠂ ᠠᠯᠲᠠᠨ ᠤᠷᠤᠭ ᠤ᠋ᠨ ᠠᠷᠪᠠᠨ ᠨᠢᠭᠡᠨ ᠬᠠᠭᠠᠨ ᠬᠥᠪᠡᠭᠦᠳ ᠴᠤᠭᠯᠠᠭᠰᠠᠨ ᠪᠠᠢᠪᠠ᠃ ᠰᠤᠷᠬᠠᠭᠲᠠᠨᠢ ᠬᠠᠲᠤᠨ ᠴᠤᠭᠯᠠᠭᠠᠨ ᠳᠡᠭᠡᠷ᠎ᠡ ᠬᠡᠯᠡᠯᠴᠡᠬᠦ ᠠᠰᠠᠭᠤᠳᠠᠯ ᠢ᠋ᠶ᠋ᠠᠨ ᠵᠠᠪᠰᠠᠷᠯᠠᠨ ᠨᠣᠶᠠᠳ ᠢ᠋ ᠭᠠᠳᠠᠭᠠᠯᠠᠵᠤ ᠪᠠᠢᠬᠤ ᠵᠠᠭᠤᠷ᠎ᠠ ᠭᠦᠶᠦᠭ ᠪᠣᠯᠤᠨ ᠲᠡᠭᠦᠨ ᠦ᠌ ᠶᠡᠬᠡ ᠬᠠᠲᠤᠨ ᠣᠭᠤᠯ ᠬᠠᠢᠮᠢᠱ ᠲᠠᠢ ᠠᠭᠤᠯᠵᠠᠪᠠ᠃ 
        ᠤᠭᠤᠯ ᠬᠠᠢᠮᠢᠱ ᠪᠣᠯ ᠣᠢᠷᠠᠳ ᠠᠢᠮᠠᠭ ᠤ᠋ᠨ ᠵᠠᠬᠢᠷᠤᠭᠴᠢ ᠪᠠᠢᠭᠰᠠᠨ ᠬᠣᠲᠣᠭ᠎ᠠ ᠪᠡᠬᠢ ᠶ᠋ᠢᠨ ᠥᠬᠢᠨ᠂ ᠬᠥᠶᠦᠭ ᠦ᠋ᠨ ᠶᠡᠬᠡ ᠬᠠᠲᠤᠨ ᠪᠠᠢᠯ᠎ᠠ᠃ ᠲᠡᠭᠦᠨ ᠦ᠌ ᠨᠢᠭᠤᠷ ᠴᠢᠷᠠᠢ ᠨᠢ ᠲᠠᠯ᠎ᠠ ᠨᠤᠲᠤᠭ ᠤ᠋ᠨ ᠬᠢ ᠡᠴᠡ ᠥᠭᠡᠷ᠎ᠡ᠃ ᠲᠣᠮᠣ ᠬᠥᠩᠬᠥᠷ ᠨᠢᠳᠦ ᠲᠡᠢ᠂ ᠭᠠᠯ ᠴᠣᠭ ᠲᠠᠢ ᠴᠣᠷᠭᠢᠭᠰᠠᠨ ᠬᠠᠷᠠᠴᠠ ᠲᠠᠢ ᠡᠮᠡᠭᠲᠡᠢ ᠪᠠᠢᠯ᠎ᠠ᠃ ᠣᠢ ᠶ᠋ᠢᠨ ᠠᠷᠠᠳ ᠤ᠋ᠨ ᠦᠷ᠎ᠡ ᠰᠠᠳᠤ ᠪᠣᠯᠤᠭᠠᠳ ᠴᠤ᠌ ᠲᠡᠷᠡ ᠤᠤ᠂ ᠲᠡᠭᠦᠨ ᠳ᠋ᠦ᠍ ᠲᠠᠯ᠎ᠠ ᠨᠤᠲᠤᠭ ᠤ᠋ᠨ ᠬᠥᠮᠦᠨ ᠦ᠌ ᠤᠷᠲᠤ ᠨᠢᠳᠦ᠂ ᠠᠭᠤᠵᠢᠮ ᠰᠢᠨᠡ ᠵᠠᠶᠠᠭᠠᠭᠰᠠᠨ ᠦᠭᠡᠢ᠃
        ᠭᠦᠶᠦᠭ ᠥᠪᠡᠷ ᠦ᠋ᠨ ᠡᠴᠢᠭᠡ ᠬᠠᠭᠠᠨ ᠥᠭᠡᠳᠡᠢ ᠶ᠋ᠢ ᠬᠠᠭᠠᠨᠲᠤ ᠲᠥᠷᠥ ᠶ᠋ᠢᠨ ᠪᠦᠬᠦ ᠡᠷᠬᠡ ᠮᠠᠲᠠᠯ ᠢ᠋ᠶ᠋ᠠᠨ ᠰᠤᠷᠬᠠᠭᠲᠠᠨᠢ ᠳ᠋ᠤ᠌ ᠦᠯᠡᠳᠡᠭᠡᠭᠰᠡᠨ ᠶᠠᠪᠤᠳᠠᠯ ᠢ᠋ ᠲᠡᠳᠦᠢ ᠯᠡ ᠵᠥᠪ ᠰᠢᠢᠳᠪᠦᠷᠢ ᠭᠡᠵᠦ ᠦᠵᠡᠭᠡ ᠦᠭᠡᠢ ᠬᠥᠮᠦᠰ ᠦ᠋ᠨ ᠨᠢᠭᠡᠨ ᠪᠠᠢᠭᠰᠠᠨ ᠶᠤᠮ᠃ ᠤᠴᠢᠷ ᠨᠢ ᠲᠡᠭᠦᠨ ᠦ᠌ ᠡᠬᠡ ᠳᠦᠷᠭᠡᠨ᠎ᠡ ᠬᠠᠲᠤᠨ ᠪᠣᠯᠤᠨ ᠬᠠᠭᠠᠨ ᠤ᠋ ᠪᠤᠰᠤᠳ ᠬᠠᠲᠤᠳ᠂ ᠡᠮ᠎ᠡ ᠬᠥᠮᠦᠨ ᠦ᠌ ᠠᠲᠠᠭ᠎ᠠ ᠪᠠᠷ ᠴᠤ ᠶᠤᠮ ᠤᠤ᠂ ᠡᠰᠡᠬᠦᠯ᠎ᠡ ᠤᠷᠭᠤᠭᠤᠯᠤᠨ ᠪᠣᠳᠣᠬᠤ ᠤᠬᠠᠭᠠᠨ ᠨᠢ ᠭᠦᠢᠴᠡᠬᠦ ᠦᠭᠡᠢ ᠳ᠋ᠡᠭᠡᠨ ᠴᠦ᠍ ᠶᠦᠮ ᠤᠤ᠂
    —ᠣᠴᠢᠵᠤ ᠣᠴᠢᠵᠤ ᠰᠤᠷᠬᠠᠭᠲᠠᠨᠢ ᠳ᠋ᠤ᠌ ᠲᠥᠷᠥ ᠶ᠋ᠢᠨ ᠮᠠᠲᠠᠯ ᠢ᠋ ᠦᠯᠡᠳᠡᠭᠡᠵᠦ ᠪᠠᠢᠳᠠᠭ᠂ ᠥᠭᠯᠢᠭᠡ ᠲᠠᠷᠬᠠᠭᠠᠬᠤ ᠠ᠋ᠴᠠ ᠥᠭᠡᠷ᠎ᠡ ᠶ᠋ᠢ ᠬᠢᠬᠦ ᠦᠭᠡᠢ ᠡᠨᠡ ᠬᠠᠲᠤᠨ ᠬᠠᠭᠠᠨ ᠤ᠋ ᠰᠠᠩ ᠢ᠋ ᠬᠣᠭᠣᠰᠣᠯᠠᠴᠢᠬᠠᠭᠠᠳ ᠯᠠ ᠰᠠᠭᠤᠵᠤ ᠪᠠᠢᠨ᠎ᠠ ᠳᠠ ᠭᠡᠵᠦ ᠶᠠᠷᠢᠬᠤ ᠬᠥᠮᠦᠰ ᠦ᠋ᠨ ᠳᠤᠮᠳᠠ ᠪᠠᠢᠭᠰᠠᠨ ᠠᠵᠢ᠃ ᠭᠡᠪᠡᠴᠦ ᠡᠰᠢ ᠬᠠᠲᠤᠨ ᠤ᠋ ᠨᠡᠷ᠎ᠡ ᠰᠦᠷ ᠤᠬᠠᠭᠠᠨ ᠪᠢᠯᠢᠭ ᠢ᠋ ᠬᠦᠨᠳᠦᠯᠡᠨ ᠦᠵᠡᠳᠡᠭ ᠬᠥᠮᠦᠨ ᠦ᠌ ᠬᠤᠪᠢ ᠳ᠋ᠤ᠌ ᠥᠪᠡᠷ ᠦ᠋ᠨ ᠵᠦᠭ ᠡᠴᠡ ᠬᠠᠭᠠᠨ ᠤ᠋ ᠰᠢᠢᠳᠪᠦᠷᠢ ᠳ᠋ᠦ᠍ ᠡᠷᠡᠭᠡᠯᠵᠡᠵᠦ ᠪᠠᠢᠭᠰᠠᠨ ᠴᠤ᠌ ᠲᠡᠳᠡᠨ ᠦ᠌ ᠦᠭᠡᠨ ᠳ᠋ᠦ᠍ ᠠᠪᠲᠠᠭ᠎ᠠ ᠦᠭᠡᠢ ᠥᠩᠭᠡᠷᠡᠭᠰᠡᠨ ᠪᠢᠯᠡ᠃ ᠭᠦᠶᠦᠭ ᠬᠠᠲᠤᠨᠲᠠᠨ ᠳ᠋ᠤ᠌ ᠬᠦᠨᠳᠦᠯᠡᠯ ᠦᠵᠡᠭᠦᠯᠦᠨ ᠠᠮᠤᠷ ᠮᠡᠨᠳᠦ ᠶ᠋ᠢ ᠨᠢ ᠮᠡᠳᠡᠭᠡᠳ᠂
    — ᠬᠠᠭᠠᠨᠲᠤ ᠲᠥᠷᠥ ᠶ᠋ᠢᠨ ᠬᠡᠷᠡᠭ ᠢ᠋ ᠥᠪᠡᠷ ᠦ᠋ᠨ ᠬᠡᠷᠡᠭ ᠭᠡᠵᠦ ᠢᠳᠡᠭᠡᠨ ᠢᠷᠡᠭᠰᠡᠨ ᠬᠠᠲᠤᠨᠲᠠᠨ᠂ ᠬᠠᠷᠠᠬᠣᠷᠣᠮ ᠳ᠋ᠤ᠌ ᠬᠢᠷᠢ ᠢᠳᠡᠭᠡᠰᠢᠵᠦ ᠪᠠᠢᠨ᠎ᠠ ᠪᠣᠢ ᠭᠡᠮᠡᠨ ᠠᠰᠠᠭᠤᠯ᠎ᠠ᠃ ᠬᠠᠲᠤᠨ ᠬᠥᠮᠦᠨ ᠳ᠋ᠦ᠍ ᠥᠪᠡᠷ ᠦ᠋ᠨ ᠡᠷᠬᠡ ᠮᠠᠲᠠᠯ ᠪᠦᠭᠦᠳᠡ ᠪᠡᠨ ᠰᠢᠯᠵᠢᠭᠦᠯᠦᠨ ᠥᠭᠭᠦᠭᠰᠡᠨ ᠬᠠᠭᠠᠨ ᠡᠵᠡᠨ ᠦ᠌ ᠰᠢᠢᠳᠪᠦᠷᠢ ᠶ᠋ᠢ ᠲᠡᠢᠮᠦ ᠴᠦ᠍ ᠵᠥᠪ ᠠᠯᠬᠤᠮ ᠭᠡᠵᠦ ᠦᠵᠡᠭᠡ ᠦᠭᠡᠢ ᠨᠢ ᠢᠯᠡᠳᠲᠡ ᠬᠥᠶᠦᠭ ᠦ᠋ᠨ ᠡᠨᠡ ᠠᠰᠠᠭᠤᠯᠲᠠ ᠳ᠋ᠤ᠌᠂
    —ᠡᠮ᠎ᠡ ᠬᠥᠮᠦᠨ ᠡᠴᠡ ᠬᠡᠵᠢᠶᠡᠳᠡ ᠦᠨᠡᠨ ᠪᠠᠢᠬᠤ ᠶ᠋ᠢ ᠱᠠᠭᠠᠷᠳᠠᠳᠠᠭ ᠭᠤᠷᠪᠠᠨ ᠵᠦᠢᠯ ᠪᠠᠢᠳᠠᠭ᠃ ᠡᠨᠡ ᠪᠣᠯ ᠲᠥᠷᠥ᠂ ᠡᠷ᠎ᠡ᠂ ᠦᠷ᠎ᠡ ᠭᠤᠷᠪᠠ ᠶᠤᠮ᠃ ᠲᠡᠢᠮᠦ ᠡᠴᠡ ᠦᠷ᠎ᠡ ᠶ᠋ᠢᠨ ᠢ᠋ᠶ᠋ᠡᠨ ᠲᠥᠯᠥᠭᠡ ᠬᠠᠯᠠᠭᠤᠨ ᠠᠮᠢᠰᠬᠤᠯ ᠢ᠋ᠶ᠋ᠠᠨ ᠵᠣᠷᠢᠭᠤᠯᠤᠨ ᠪᠠᠢᠭ᠎ᠠ ᠡᠬᠡ ᠬᠥᠮᠦᠨ᠂ ᠡᠷ᠎ᠡ ᠶ᠋ᠢᠨ ᠢ᠋ᠶ᠋ᠡᠨ ᠲᠥᠯᠥᠭᠡ ᠬᠠᠮᠤᠭ ᠵᠢᠷᠭᠠᠯ ᠢ᠋ᠶ᠋ᠠᠨ ᠲᠡᠪᠴᠢᠵᠦ᠂ ᠲᠥᠷᠥ ᠶ᠋ᠢᠨ ᠢ᠋ᠶ᠋ᠡᠨ ᠲᠥᠯᠥᠭᠡ ᠵᠢᠳᠬᠦᠯ ᠪᠦᠬᠦᠨ ᠢ᠋ᠶ᠋ᠡᠨ ᠵᠣᠷᠢᠭᠤᠯᠬᠤ ᠤᠴᠢᠷ ᠲᠠᠢ ᠲᠤᠯᠠ ᠬᠠᠭᠠᠨ ᠡᠵᠡᠨ ᠦ᠌ ᠰᠢᠢᠳᠪᠦᠷᠢ ᠶ᠋ᠢ ᠬᠦᠯᠢᠶᠡᠨ ᠠᠪᠤᠭᠰᠠᠨ᠃ ᠬᠡᠵᠢᠶᠡᠳᠡ ᠦᠨᠡᠨ ᠪᠠᠢᠬᠤ ᠭᠤᠷᠪᠠᠨ ᠵᠦᠢᠯ ᠦ᠋ᠨ ᠢ᠋ᠶ᠋ᠡᠨ ᠲᠥᠯᠥᠭᠡ ᠵᠢᠳᠬᠦᠬᠦ ᠬᠡᠷᠡᠭ ᠲᠡᠢ ᠲᠤᠯᠠ ᠡᠨᠡ ᠬᠥᠯ ᠦ᠋ᠨ ᠭᠠᠵᠠᠷ ᠢᠳᠡᠭᠡᠰᠢᠨ ᠳᠠᠰᠬᠤ ᠠ᠋ᠴᠠ ᠥᠭᠡᠷ᠎ᠡ ᠪᠡᠷ ᠶᠠᠭᠠᠬᠢᠬᠤ ᠪᠢᠯᠡ᠃ ᠲᠠᠯ᠎ᠠ ᠨᠤᠲᠤᠭ ᠢ᠋ᠶ᠋ᠠᠨ ᠰᠠᠨᠠᠵᠤ ᠯᠠ ᠪᠠᠢᠨ᠎ᠠ ᠭᠡᠬᠦ ᠬᠠᠲᠤᠨ ᠤ᠋ ᠦᠭᠡ ᠶ᠋ᠢ ᠰᠣᠨᠣᠰᠤᠭᠠᠳ ᠠᠮᠠᠨ ᠳᠤᠮᠳᠠᠭᠤᠷ ᠢ᠋ᠶ᠋ᠠᠨ ᠠᠯᠠᠭᠠᠳᠠᠭᠤᠯᠤᠭᠠᠳ ᠠᠪᠤᠭᠰᠠᠨ ᠮᠡᠲᠦ ᠪᠣᠯᠤᠯ᠎ᠠ᠃ ᠡᠨᠡ ᠦᠭᠡ ᠶ᠋ᠢᠨ ᠬᠠᠷᠢᠭᠤ ᠶ᠋ᠢ ᠥᠭᠴᠦ ᠴᠢᠳᠠᠯ ᠦᠭᠡᠢ ᠲᠡᠭᠡᠰᠬᠢᠭᠡᠳ ᠥᠩᠭᠡᠷᠡᠬᠦ ᠳ᠋ᠦ᠍ ᠭᠦᠶᠦᠭ ᠦ᠋ᠨ ᠬᠠᠲᠤᠨ ᠣᠭᠣᠯ ᠬᠠᠶ᠋ᠢᠮᠢᠱ ᠶᠠᠷᠢᠶᠠᠨ ᠳ᠋ᠤ᠌ ᠣᠷᠣᠯᠴᠠᠵᠤ᠂
    — ᠬᠠᠲᠤᠨ ᠲᠠᠨ ᠤ᠋ ᠰᠤᠷᠠᠭ ᠴᠢᠮᠡᠭᠡ ᠶ᠋ᠢ ᠲᠠᠯ᠎ᠠ ᠨᠤᠲᠤᠭ ᠲᠤ᠌ ᠰᠣᠨᠣᠰᠴᠤ ᠳᠣᠭᠣᠯᠤᠭᠰᠠᠭᠠᠷ ᠡᠳᠦᠢ ᠳ᠋ᠦ᠍ ᠬᠦᠷᠦᠭᠰᠡᠨ᠂ ᠥᠪᠡᠷ ᠦ᠋ᠨ ᠪᠡᠶ᠎ᠡ ᠪᠡᠷ ᠠᠭᠤᠯᠵᠠᠬᠤ ᠡᠳᠦᠷ ᠢ᠋ ᠬᠦᠯᠢᠶᠡᠵᠦ ᠪᠠᠢᠯ᠎ᠠ ᠭᠡᠪᠡ᠃ ᠪᠠᠢᠩᠭᠤ ᠡᠷᠭᠢᠨ ᠲᠣᠭᠣᠷᠢᠨ ᠠ᠋ᠴᠠ ᠪᠠᠨ ᠬᠠᠷᠠᠵᠤ ᠪᠣᠯᠬᠤ ᠲᠠᠯ᠎ᠠ ᠨᠤᠲᠤᠭ ᠤ᠋ᠨ ᠳᠦᠷᠢ ᠲᠥᠷᠬᠦ ᠡᠴᠡ ᠥᠭᠡᠷ᠎ᠡ᠂ ᠣᠢ ᠶ᠋ᠢᠨ ᠠᠷᠠᠳ ᠤ᠋ᠨ ᠬᠥᠩᠬᠥᠷ ᠨᠢᠳᠦ᠂ ᠥᠨᠳᠥᠷ ᠬᠠᠮᠠᠷ ᠢ᠋ ᠥᠪᠯᠡᠨ ᠠᠪᠤᠭᠰᠠᠨ ᠡᠨᠡ ᠡᠮᠡᠭᠲᠡᠢ ᠲᠤᠩ ᠴᠤ᠌ ᠤᠬᠠᠭᠠᠯᠢᠭ ᠨᠢᠭᠡᠨ᠃ ᠲᠡᠷᠡ ᠪᠡᠷ ᠬᠥᠶᠦᠭ ᠦ᠋ᠨ ᠶᠡᠬᠡ ᠬᠠᠲᠤᠨ ᠤ᠋ ᠬᠤᠪᠢ ᠳ᠋ᠤ᠌ ᠭᠡᠷ ᠪᠦᠯᠢ ᠶ᠋ᠢᠨ ᠪᠦᠬᠦ ᠠᠰᠠᠭᠤᠳᠠᠯ ᠢ᠋ ᠵᠢᠩ ᠳᠠᠩ ᠰᠢᠢᠳᠪᠦᠷᠢᠯᠡᠳᠡᠭ᠂ ᠭᠠᠷ ᠤ᠋ᠨ ᠤᠷ᠎ᠠ ᠳᠦᠢᠲᠡᠢ᠂ ᠡᠮᠡᠭᠲᠡᠢ ᠬᠥᠮᠦᠨ ᠳ᠋ᠦ᠍ ᠯᠡ ᠪᠠᠢᠵᠤ ᠪᠣᠯᠬᠤᠢᠴᠠ ᠤᠷᠠᠨ ᠰᠦᠮᠪᠦᠨ ᠬᠤᠷᠤᠭᠤ᠂ ᠤᠶᠠᠨ ᠨᠠᠭᠠᠯᠢᠩᠬᠠᠢ ᠬᠥᠳᠡᠯᠭᠡᠭᠡᠨ ᠲᠡᠢ ᠨᠢᠭᠡᠨ ᠠᠵᠢ᠃ ᠲᠡᠷᠡ ᠪᠡᠷ ᠰᠤᠷᠬᠠᠭᠲᠠᠨᠢ ᠬᠠᠲᠤᠨ ᠳ᠋ᠤ᠌ ᠢᠯᠡᠳᠲᠡ ᠰᠠᠢᠨ ᠬᠠᠨᠳᠤᠵᠤ ᠪᠠᠢᠯ᠎ᠠ᠃ ᠵᠠᠯᠢᠵᠢᠨ ᠨᠢᠳᠦ ᠢ᠋ᠶ᠋ᠡᠨ ᠭᠢᠯᠠᠯᠵᠠᠭᠤᠯᠤᠨ ᠶᠠᠷᠢᠵᠤ ᠪᠠᠢᠭ᠎ᠠ ᠲᠡᠭᠦᠨ ᠦ᠌ ᠶᠠᠷᠢᠶ᠎ᠠ ᠶ᠋ᠢ ᠠᠩᠵᠠᠭᠠᠷᠠᠪᠠᠯ ᠶᠠᠭ ᠦᠨᠡᠨ ᠰᠡᠳᠬᠢᠯ ᠡᠴᠡ ᠪᠡᠨ ᠬᠠᠨᠳᠤᠵᠤ ᠪᠣᠢ ᠨᠢ ᠲᠣᠳᠣᠷᠬᠠᠢ ᠪᠤᠰᠤ᠂ ᠬᠠᠷᠠᠪᠠᠰᠤ ᠡᠨᠡ ᠡᠮᠡᠭᠲᠡᠢ ᠲᠣᠮᠣ ᠬᠦᠦ ᠮᠥᠩᠬᠡ ᠲᠡᠢ ᠨᠢ ᠨᠠᠰᠤ ᠣᠢᠷᠠᠯᠴᠠᠭ᠎ᠠ ᠪᠣᠯ ᠤᠤ ᠭᠡᠵᠦ ᠬᠠᠷᠠᠭᠳᠠᠨ᠎ᠠ᠃ ᠣᠭᠤᠯ ᠬᠠᠶ᠋ᠢᠮᠢᠱ ᠬᠠᠲᠤᠨ ᠰᠤᠷᠬᠠᠭᠲᠠᠨᠢ ᠳ᠋ᠤ᠌ ᠢᠩᠭᠢᠵᠦ ᠬᠥᠯ ᠠᠯᠲᠠᠨ ᠪᠠᠢᠭ᠎ᠠ ᠨᠢ ᠨᠠᠰᠤ ᠵᠠᠯᠠᠭᠤ ᠬᠥᠮᠦᠨ ᠥᠪᠡᠷ ᠡᠴᠡ ᠪᠡᠨ ᠠᠬᠠᠮᠠᠳ ᠬᠠᠲᠤᠨ ᠢ᠋ ᠬᠦᠨᠳᠦᠳᠬᠡᠨ ᠬᠠᠷᠢᠴᠠᠵᠤ ᠪᠣᠢ ᠮᠡᠲᠦ ᠪᠤᠰᠤᠳ ᠲᠤ ᠠᠩᠵᠠᠭᠠᠷᠠᠭᠳᠠᠬᠤ ᠪᠠᠷ ᠪᠠᠢᠭ᠎ᠠ ᠴᠤ᠌ ᠲᠡᠭᠦᠨ ᠦ᠌ ᠥᠭᠡᠷ᠎ᠡ ᠰᠢᠯᠲᠠᠭᠠᠨ ᠢ᠋ ᠬᠠᠲᠤᠨ ᠭᠠᠳᠠᠷᠯᠠᠵᠤ ᠪᠠᠢᠪᠠ᠃ ᠤᠴᠢᠷ ᠨᠢ ᠲᠡᠷᠡ ᠨᠢᠭᠡ ᠡᠳᠦᠷ ᠥᠭᠡᠳᠡᠢ ᠬᠠᠭᠠᠨ ᠰᠤᠷᠬᠠᠭᠲᠠᠨᠢ ᠶ᠋ᠢ ᠠᠰᠠᠷᠠᠬᠤᠢ ᠶ᠋ᠢᠨ ᠶᠣᠰᠣ ᠶ᠋ᠢ ᠳᠠᠭᠠᠨ ᠬᠦᠦ ᠬᠥᠶᠦᠭ ᠲᠡᠭᠡᠨ ᠶᠣᠰᠣᠯᠠᠬᠤ ᠭᠡᠵᠦ ᠪᠠᠢᠭᠰᠠᠨ᠃ ᠬᠠᠲᠤᠨ ᠡᠨᠡ ᠰᠢᠢᠳᠪᠦᠷᠢ ᠡᠴᠡ ᠤᠬᠠᠭᠠᠯᠢᠭ ᠢ᠋ᠶ᠋ᠠᠷ ᠲᠠᠲᠠᠭᠠᠯᠵᠠᠭ᠎ᠠ ᠦᠭᠡᠢ ᠪᠣᠯ ᠥᠨᠥᠳᠥᠷ ᠡᠨᠡ ᠬᠣᠶᠠᠷ ᠡᠮᠡᠭᠲᠡᠢ᠂ ᠨᠢᠭᠡ ᠬᠥᠮᠦᠨ ᠦ᠌ ᠬᠠᠲᠤᠨ ᠪᠣᠯᠬᠤ ᠤᠴᠢᠷ ᠲᠠᠢ ᠪᠠᠢᠯ᠎ᠠ᠃ ᠲᠥᠷᠥᠭᠰᠡᠨ ᠬᠦᠦ ᠲᠡᠢ ᠪᠡᠨ ᠴᠢᠴᠠᠤ ᠰᠢᠬᠠᠮ ᠡᠨᠡ ᠵᠠᠯᠠᠭᠤ ᠬᠠᠲᠤᠨ ᠲᠠᠢ ᠨᠠᠭᠠᠨ᠎ᠠ ᠴᠠᠭᠠᠨ᠎ᠠ ᠪᠠᠨ ᠣᠷᠣᠨ ᠬᠠᠭᠠᠨ ᠤ᠋ ᠬᠠᠲᠤᠳ ᠤ᠋ᠨ ᠬᠣᠪ ᠵᠢᠪ ᠦ᠋ᠨ ᠳᠤᠮᠳᠠ ᠵᠢᠪᠴᠦ ᠠᠮᠢᠳᠤᠷᠠᠬᠤ ᠪᠠᠢᠭᠰᠠᠨ ᠲᠡᠷᠡ ᠠᠮᠢᠳᠤᠷᠠᠯ ᠡᠨᠡ ᠬᠣᠶᠠᠷ ᠡᠮᠡᠭᠲᠡᠢ ᠶ᠋ᠢᠨ ᠬᠡᠨ ᠬᠡᠨ ᠳ᠋ᠦ᠍ᠨᠢ ᠬᠦᠨᠳᠦᠬᠡᠨ ᠳᠠᠪᠠᠭ᠎ᠠ ᠶ᠋ᠢ ᠠᠪᠴᠤ ᠢᠷᠡᠬᠦ ᠪᠠᠢᠭᠰᠠᠨ ᠨᠢ ᠲᠣᠳᠣᠷᠬᠠᠢ᠃
       ᠮᠠᠭᠠᠳ ᠦᠭᠡᠢ ᠰᠤᠷᠬᠠᠭᠲᠠᠨᠢ ᠭᠦᠶᠦᠭ ᠦ᠋ᠨ ᠬᠠᠲᠤᠨ ᠪᠣᠯᠤᠭᠰᠠᠨ ᠢ᠋ᠶ᠋ᠠᠷ ᠣᠭᠤᠯ ᠬᠠᠢᠮᠢᠱ ᠤ᠋ᠨ ᠶᠡᠬᠡ ᠬᠠᠲᠤᠨ ᠤ᠋ ᠨᠡᠷ᠎ᠡ ᠰᠦᠷ ᠢ᠋ ᠳᠠᠷᠤᠭᠳᠠᠭᠤᠯᠵᠤ᠂ ᠡᠷᠬᠡ ᠮᠠᠲᠠᠯ ᠢ᠋ ᠨᠢ ᠠᠯᠳᠠᠭᠳᠠᠭᠤᠯᠬᠤ ᠪᠠᠢᠭᠰᠠᠨ ᠴᠤ᠌ ᠪᠠᠢᠵᠤ ᠮᠠᠭᠠᠳ ᠪᠢᠯᠡ᠃ ᠡᠨᠡ ᠪᠦᠬᠦ ᠠᠶᠤᠯ ᠬᠣᠯᠠᠭᠤᠷ ᠥᠩᠭᠡᠷᠡᠭᠰᠡᠨ ᠳ᠋ᠦ᠍ ᠤᠭᠤᠯ ᠬᠠᠢᠮᠢᠱ
 ᠪᠠᠶᠠᠷᠯᠠᠭᠰᠠᠨ ᠪᠢᠵᠡ᠃
     ᠬᠠᠷᠢᠨ ᠲᠡᠳᠡᠨ ᠢ᠋ ᠬᠠᠷᠠᠵᠤ ᠵᠣᠭᠰᠣᠬᠤ ᠬᠥᠶᠦᠭ ᠰᠤᠷᠬᠠᠭᠲᠠᠨᠢ ᠬᠠᠲᠤᠨ ᠤ᠋ ᠲᠤᠬᠠᠢ ᠪᠣᠳᠣᠵᠤ ᠪᠠᠢᠯ᠎ᠠ᠃《ᠡᠮᠡᠭᠲᠡᠢ ᠬᠥᠮᠦᠨ ᠳ᠋ᠦ᠍ ᠦᠨᠡᠨ ᠪᠠᠢᠬᠤ ᠭᠤᠷᠪᠠᠨ ᠵᠦᠢᠯ ᠪᠠᠢᠳᠠᠭ᠂ ᠲᠡᠷᠡ ᠨᠢ ᠲᠥᠷᠥ᠂ ᠡᠷ᠎ᠡ᠂ ᠦᠷ᠎ᠡ ᠭᠤᠷᠪᠠ ᠭᠡᠨ᠎ᠡ᠃ ᠵᠠ ᠶᠠᠭᠠᠬᠢᠬᠤ ᠪᠣᠢ᠂ ᠡᠨᠡ ᠬᠠᠲᠤᠨ ᠡᠷ᠎ᠡ ᠳ᠋ᠡᠭᠡᠨ ᠦᠨᠡᠨᠴᠢ ᠪᠠᠢᠭᠰᠠᠨ ᠨᠢ ᠦᠨᠡᠨ᠃ ᠲᠡᠢᠮᠦ ᠡᠴᠡ ᠮᠢᠨᠦ ᠬᠠᠲᠤᠨ ᠪᠣᠯᠬᠤ ᠠ᠋ᠴᠠ ᠴᠤ᠌ ᠲᠠᠲᠠᠭᠠᠯᠵᠠᠭᠰᠠᠨ ᠪᠢᠵᠡ᠃ ᠦᠷ᠎ᠡ ᠳ᠋ᠡᠭᠡᠨ ᠦᠨᠡᠨᠴᠢ ᠭᠡᠳᠡᠭ ᠨᠢ ᠦᠨᠡᠨ᠂ ᠲᠥᠷᠥ ᠳ᠋ᠡᠭᠡᠨ ᠦᠨᠡᠨᠴᠢ ᠪᠠᠢᠬᠤ ᠶ᠋ᠢ ᠬᠠᠷᠠᠨ ᠪᠠᠢᠵᠤ ᠮᠡᠳᠡᠶ᠎ᠡ᠂ ᠲᠥᠷᠥ ᠭᠡᠳᠡᠭ ᠪᠣᠯ ᠬᠠᠭᠠᠨ ᠡᠴᠢᠭᠡ ᠮᠢᠨᠢ ᠶᠦᠮ᠃》 ᠭᠡᠵᠦ ᠪᠣᠳᠣᠨ᠎ᠠ᠃
    ᠬᠠᠷᠠᠬᠣᠷᠣᠮ ᠠ᠋ᠴᠠ ᠬᠤᠭᠤᠰ ᠡᠳᠦᠷ ᠦ᠋ᠨ ᠵᠠᠢ ᠪᠠᠢᠷᠢᠯᠠᠭᠰᠠᠨ ᠪᠠᠲᠤ ᠬᠠᠭᠠᠨ ᠤ᠋ ᠤᠷᠲᠤ ᠦᠷᠭᠦᠭᠡᠨ ᠳ᠋ᠦ᠍ ᠪᠣᠯᠤᠭᠰᠠᠨ ᠡᠨᠡ ᠠᠭᠤᠯᠵᠠᠯᠲᠠ ᠪᠠᠷ ᠪᠠᠷᠠᠭᠤᠨ ᠵᠦᠭ ᠲᠦ᠍ ᠬᠢᠬᠦ ᠶᠡᠬᠡ ᠠᠶᠠᠨ ᠲᠡᠢᠨ ᠦ᠌ ᠲᠥᠯᠥᠪᠯᠡᠭᠡ ᠶ᠋ᠢ ᠬᠡᠯᠡᠯᠴᠡᠯ᠎ᠡ᠃ ᠶᠡᠬᠡ ᠮᠣᠩᠭᠣᠯ ᠤᠯᠤᠰ ᠤ᠋ᠨ ᠲᠡᠦᠬᠡ ᠶ᠋ᠢ ᠢᠷᠡᠭᠡᠳᠦᠢ ᠶ᠋ᠢᠨ ᠦᠷᠡᠰ ᠨᠢ ᠡᠨᠡ ᠤᠳᠠᠭ᠎ᠠ ᠦᠷᠭᠦᠯᠵᠢᠯᠡᠭᠦᠯᠦᠨ᠎ᠡ᠃ ᠡᠵᠡᠨᠲᠦ ᠭᠦᠷᠦᠨ ᠢ᠋ ᠦᠨᠳᠦᠰᠦᠯᠡᠭᠴᠢ ᠶᠡᠬᠡ ᠡᠵᠡᠨ ᠬᠠᠭᠠᠨ ᠠ᠋ᠴᠠ ᠠᠯᠲᠠᠨ ᠤᠷᠤᠭ ᠤ᠋ᠨ ᠵᠠᠯᠭᠠᠮᠵᠢ ᠬᠠᠯᠠᠭ᠎ᠠ᠂ ᠦᠷ᠎ᠡ ᠰᠡᠳᠦ ᠬᠡᠵᠢᠶᠡᠳᠡ ᠶᠠᠮᠠᠷ ᠨᠢᠭᠡᠨ ᠰᠢᠯᠲᠠᠭᠠᠨ ᠦᠭᠡᠢ ᠪᠡᠷ ᠠᠶᠠᠨ ᠲᠡᠢᠨ ᠡᠬᠢᠯᠡᠭᠦᠯᠵᠦ ᠪᠠᠢᠭᠰᠠᠨ ᠲᠡᠦᠬᠡ ᠦᠭᠡᠢ᠃ ᠶᠡᠬᠡ ᠡᠵᠡᠨ ᠬᠠᠭᠠᠨ ᠲᠩᠷᠢ ᠪᠣᠯᠤᠭᠰᠠᠨ ᠠ᠋ᠴᠠ ᠬᠣᠢᠰᠢ. ᠬᠠᠭᠠᠨᠲᠤ ᠲᠥᠷᠥ ᠶ᠋ᠢᠨ ᠬᠦᠴᠦ ᠠᠯᠭᠤᠷ ᠢ᠋ᠶ᠋ᠠᠷ ᠰᠤᠯᠠᠷᠠᠵᠤ᠂ ᠡᠵᠡᠯᠡᠭᠰᠡᠨ ᠭᠦᠷᠦᠨ ᠨᠦ᠍ᠭᠦᠳ ᠦ᠋ᠨ ᠡᠷᠬᠡᠲᠡᠨ ᠳᠠᠷᠬᠠᠲᠠᠨ ᠨᠤᠭᠤᠳ ᠬᠠᠭᠠᠨ ᠤ᠋ ᠨᠡᠷ᠎ᠡ ᠶ᠋ᠢ ᠪᠠᠷᠢᠵᠤ ᠠᠯᠪᠠ ᠲᠠᠲᠠᠪᠤᠷᠢ ᠬᠤᠷᠢᠶᠠᠮᠵᠢᠯᠠᠵᠤ᠂ ᠠᠷᠠᠳ ᠢᠷᠭᠡᠳ ᠢ᠋ ᠲᠤᠢᠯᠳᠠᠭᠤᠯᠵᠤ᠂ ᠡᠬᠢ ᠵᠠᠬ᠎ᠠ ᠨᠢ ᠣᠯᠳᠠᠬᠤ ᠦᠭᠡᠢ ᠬᠡᠷᠡᠭ ᠶᠠᠪᠤᠳᠠᠯ ᠡᠭᠡᠯᠵᠢ ᠳᠠᠷᠠᠭ᠎ᠠ ᠪᠠᠷ ᠭᠠᠷᠤᠭᠠᠳ ᠪᠠᠢᠭᠰᠠᠨ ᠴᠠᠭ᠃ ᠡᠨᠡ ᠨᠢ ᠨᠥᠭᠦᠭᠡ ᠲᠠᠯ᠎ᠠ ᠪᠠᠷ ᠲᠡᠳᠡᠨ ᠦ᠌ ᠬᠤᠪᠢ ᠳ᠋ᠤ᠌《ᠶᠡᠬᠡ ᠡᠵᠡᠨ ᠲᠩᠷᠢ ᠪᠣᠯᠤᠭᠰᠠᠨ ᠲᠤᠯᠠ ᠪᠢᠳᠡ ᠲᠠ ᠨᠠᠷ ᠲᠤ᠌ ᠵᠠᠬᠢᠷᠤᠭᠳᠠᠬᠤ ᠦᠭᠡᠢ》 ᠭᠡᠰᠡᠨ ᠴᠠᠭᠠᠳᠤ ᠰᠠᠨᠠᠭ᠎ᠠ ᠶ᠋ᠢ ᠠᠭᠤᠯᠵᠤ ᠪᠠᠢᠭᠰᠠᠨ ᠬᠡᠷᠡᠭ᠃ ᠥᠭᠡᠳᠡᠢ ᠬᠠᠭᠠᠨ ᠡᠨᠡ ᠮᠡᠲᠦ ᠶᠠᠯ᠎ᠠ ᠶ᠋ᠢ ᠠᠰᠠᠭᠤᠬᠤ ᠶ᠋ᠢᠨ ᠬᠠᠵᠠᠭᠤ ᠪᠠᠷ ᠡᠵᠡᠨᠲᠦ ᠤᠯᠤᠰ ᠤ᠋ᠨ ᠡᠯᠴᠢ ᠶ᠋ᠢ ᠠᠯᠠᠵᠤ᠂ ᠶᠡᠬᠡ ᠮᠣᠩᠭᠣᠯ ᠤ᠋ᠨ ᠴᠡᠷᠢᠭ ᠦ᠋ᠳ ᠢ᠋ ᠠᠷᠤ ᠬᠤᠳᠠᠷᠭ᠎ᠠ ᠪᠠᠷ ᠳᠠᠭᠠᠷᠢᠨ ᠳᠣᠪᠲᠣᠯᠤᠭᠰᠠᠨ ᠶᠠᠯ᠎ᠠ ᠶ᠋ᠢ ᠠᠰᠠᠭᠤᠵᠤ᠂ ᠪᠠᠷᠠᠭᠤᠨ ᠵᠦᠭ ᠦ᠋ᠨ ᠣᠷᠣᠨ ᠨᠤᠭᠤᠳ ᠢ᠋ ᠪᠠᠢᠯᠳᠤᠨ ᠡᠵᠡᠯᠡᠬᠦ ᠬᠡᠷᠡᠭ ᠢ᠋ ᠪᠠᠲᠤ ᠬᠠᠨ ᠳ᠋ᠤ᠌ ᠳᠠᠭᠠᠭᠠᠯᠭᠠᠵᠤ᠂ ᠥᠪᠡᠷ ᠦ᠋ᠨ ᠬᠦᠦ ᠲᠡᠷᠢᠭᠦᠲᠡᠢ ᠠᠯᠲᠠᠨ ᠤᠷᠤᠭ ᠤ᠋ᠨ ᠬᠠᠭᠠᠨ ᠬᠥᠪᠡᠭᠦᠳ ᠢ᠋ ᠶᠡᠬᠡ ᠴᠡᠷᠢᠭ ᠤᠳᠤᠷᠢᠳᠤᠭᠤᠯᠤᠨ ᠶᠠᠪᠤᠭᠤᠯᠬᠤ ᠰᠢᠢᠳᠪᠦᠷᠢ ᠭᠠᠷᠭᠠᠭᠰᠠᠨ᠃ ᠬᠠᠷᠢᠨ ᠡᠨᠡ ᠤᠳᠠᠭ᠎ᠠ ᠳ᠋ᠤ᠌ ᠶᠠᠭᠤᠨ ᠤ᠋ ᠲᠦᠷᠦᠭᠦᠨ ᠡᠨᠡ ᠲᠡᠢᠨ ᠦ᠌ ᠪᠡᠯᠡᠳᠬᠡᠯ ᠠᠵᠢᠯ ᠢ᠋ ᠶᠠᠷᠢᠯᠴᠠᠯ᠎ᠠ᠃ ᠬᠡᠳᠦᠢᠪᠡᠷ ᠡᠵᠡᠨᠲᠦ ᠭᠦᠷᠦᠨ ᠦ᠌ ᠰᠦᠷ ᠬᠦᠴᠦᠨ᠂ ᠴᠡᠷᠢᠭ ᠠᠷᠠᠳ ᠣᠯᠠᠨ ᠴᠤ᠌ ᠲᠡᠢᠨ ᠲᠤᠯᠤᠯᠳᠤᠭᠠᠨ ᠤ᠋ ᠴᠠᠭ ᠲᠤᠯᠠ ᠥᠪᠡᠷ ᠥᠪᠡᠷ ᠦ᠋ᠨ ᠡᠵᠡᠳ ᠦ᠋ᠨ ᠨᠤᠲᠤᠭ ᠳᠡᠪᠢᠰᠬᠡᠷ ᠲᠦ᠍ ᠳᠠᠢᠳᠤᠵᠤ ᠪᠠᠢᠭ᠎ᠠ᠃ ᠡᠵᠡᠨᠲᠦ ᠭᠦᠷᠦᠨ ᠦ᠌ ᠣᠯᠠᠨ ᠴᠡᠷᠢᠭ ᠥᠭᠡᠳᠡᠢ ᠬᠠᠭᠠᠨ ᠤ᠋ ᠬᠠᠮᠲᠤ ᠪᠠᠷ ᠰᠥᠩ ᠤᠯᠤᠰ ᠤᠷᠤᠭᠤ ᠶᠠᠪᠤᠭᠰᠠᠨ ᠵᠡᠷᠭᠡ ᠡᠴᠡ ᠬᠠᠨ ᠬᠥᠪᠡᠭᠦᠳ ᠴᠡᠷᠢᠭ ᠦ᠋ᠨ ᠬᠦᠴᠦ ᠪᠡᠨ ᠬᠡᠷᠬᠢᠨ ᠨᠡᠮᠡᠨ ᠵᠤᠵᠠᠭᠠᠳᠬᠠᠬᠤ ᠲᠠᠯ᠎ᠠ ᠪᠠᠷ ᠡᠬᠢᠯᠡᠭᠡᠳ ᠶᠠᠷᠢᠯᠴᠠᠯ᠎ᠠ᠃
       ᠲᠡᠳᠡ ᠬᠣᠷᠧᠽᠮ᠂ ᠲᠦᠷᠺᠧᠰᠲ᠋ᠠᠨ᠂ ᠤᠢᠭᠤᠷ ᠵᠡᠷᠭᠡ ᠡᠵᠡᠯᠡᠭᠳᠡᠭᠰᠡᠨ ᠨᠤᠲᠤᠭ ᠤ᠋ᠳ ᠠ᠋ᠴᠠ ᠴᠡᠷᠢᠭ ᠲᠡᠳᠡᠨ ᠠᠪᠴᠤ ᠪᠠᠢᠯᠳᠤᠭᠠᠨ ᠤ᠋ ᠠᠵᠢᠯᠯᠠᠭ᠎ᠠ ᠪᠠᠨ
ᠦᠷᠭᠦᠯᠵᠢᠯᠡᠭᠦᠯᠬᠦ᠂ ᠴᠠᠭᠠᠰᠢᠯᠠᠭᠠᠳ ᠡᠵᠡᠨᠲᠦ ᠭᠦᠷᠦᠨ ᠦ᠌ ᠬᠢᠵᠠᠭᠠᠷ ᠨᠤᠲᠤᠭ ᠢ᠋ ᠲᠡᠯᠡᠵᠦ ᠺᠢᠫᠴᠠᠺ ᠤ᠋ᠳ ᠢ᠋ ᠪᠤᠲᠠ ᠴᠣᠬᠢᠨ ᠲᠦᠷᠢᠭᠡᠳ᠂ ᠪᠤᠯᠢᠭᠠᠷᠢ᠂ ᠪᠠᠱᠺᠢᠷ ᠤᠷᠤᠭᠤ ᠳᠣᠪᠲᠣᠯᠬᠤ ᠲᠤᠬᠠᠢ ᠶᠠᠷᠢᠯᠴᠠᠪᠠ᠃ ᠲᠡᠳᠡᠨ ᠢ᠋ ᠢᠩᠭᠢᠵᠦ ᠬᠤᠷᠠᠯᠳᠤᠬᠤ ᠶ᠋ᠢ ᠬᠠᠷᠠᠵᠤ ᠰᠠᠭᠤᠭ᠎ᠠ ᠰᠤᠷᠬᠠᠭᠲᠠᠨᠢ ᠳ᠋ᠤ᠌ ᠡᠨᠡ ᠠᠭᠤᠷ ᠠᠮᠢᠰᠬᠤᠯ᠂ ᠶᠡᠬᠡ ᠡᠵᠡᠨ ᠴᠢᠩᠭᠢᠰ ᠬᠠᠭᠠᠨ ᠢ᠋ ᠠᠮᠢᠳᠤ ᠰᠡᠷᠡᠭᠦᠨ ᠪᠠᠢᠬᠤ ᠳ᠋ᠤ᠌ ᠪᠣᠯᠳᠠᠭ ᠪᠠᠢᠭᠰᠠᠨ ᠲᠡᠷᠡ ᠰᠠᠢᠬᠠᠨ ᠴᠠᠭ ᠢ᠋ ᠰᠠᠨᠠᠭᠤᠯᠬᠤ ᠶ᠋ᠢᠨ ᠵᠡᠷᠭᠡᠴᠡᠭᠡ ᠠᠯᠲᠠᠨ ᠤᠷᠤᠭ ᠤ᠋ᠨ ᠬᠠᠨ ᠬᠥᠪᠡᠭᠦᠳ ᠥᠰᠴᠦ ᠲᠣᠮᠣ ᠪᠣᠯᠤᠨ ᠬᠦᠳᠡᠷ ᠴᠢᠬᠢᠷᠡᠭ ᠡᠷᠡᠰ ᠪᠣᠯᠤᠭᠰᠠᠨ ᠬᠡᠳᠦᠢ ᠴᠦ᠍ ᠲᠡᠢᠨ ᠳᠠᠵᠢᠨ ᠢ᠋ ᠲᠤᠩ ᠠᠮᠠᠷᠬᠠᠨ ᠢ᠋ᠶ᠋ᠠᠷ ᠲᠥᠰᠦᠭᠡᠯᠡᠨ ᠪᠠᠢᠭ᠎ᠠ ᠨᠢ ᠰᠡᠳᠬᠢᠯ ᠡᠮᠵᠡᠭᠯᠡᠭᠦᠯᠬᠦ ᠪᠣᠳᠣᠯ ᠤ᠋ᠨ ᠡᠬᠢᠯᠡᠯ ᠢ᠋ ᠲᠠᠯᠪᠢᠵᠤ ᠪᠠᠢᠯ᠎ᠠ᠃ ᠬᠡᠳᠦᠬᠡᠨ ᠵᠢᠯ ᠦ᠋ᠨ ᠡᠮᠦᠨ᠎ᠡ ᠡᠳᠡᠨ ᠢ᠋ ᠥᠯᠥᠭᠡᠢ ᠳ᠋ᠡᠭᠡᠨ ᠦᠨᠡᠭᠡᠴᠢᠯᠡᠨ ᠪᠠᠢᠬᠤ ᠳ᠋ᠤ᠌ ᠡᠪᠦᠭᠡ ᠡᠴᠢᠭᠡ ᠨᠢ ᠶᠡᠬᠡ ᠮᠣᠩᠭᠣᠯ ᠤᠯᠤᠰ ᠢ᠋ ᠪᠠᠢᠭᠤᠯᠵᠤ᠂ ᠡᠵᠡᠨᠲᠦ ᠲᠥᠷᠥ ᠪᠡᠨ ᠲᠠᠮᠠᠭᠠᠯᠠᠨ ᠪᠠᠢᠭᠰᠠᠨ᠃ ᠠᠯᠲᠠᠨ ᠤᠷᠤᠭ ᠤ᠋ᠨ ᠭᠡᠷ ᠪᠦᠯᠢ ᠳᠦ ᠲᠥᠷᠥᠵᠦ ᠥᠰᠦᠭᠰᠡᠨ᠂ᠮᠡᠨᠳᠦᠯᠡᠭᠰᠡᠨ ᠴᠠᠭ ᠠ᠋ᠴᠠ ᠪᠠᠨ ᠡᠯᠪᠡᠭ ᠳᠡᠯᠪᠡᠭ ᠬᠠᠩᠭᠠᠯᠤᠭᠤᠨ ᠠᠮᠢᠳᠤᠷᠠᠯ ᠢ᠋ᠶ᠋ᠠᠷ ᠠᠮᠢᠳᠤᠷᠠᠭᠰᠠᠨ ᠡᠨᠡ ᠬᠡᠦᠬᠡᠳ ᠦ᠋ᠳ ᠦᠭᠡᠢ ᠳᠤᠲᠠᠭᠤ ᠶ᠋ᠢᠨ ᠵᠣᠪᠠᠯᠠᠩ᠂ ᠥᠨᠥᠴᠢᠷᠡᠯ ᠬᠠᠭᠠᠴᠠᠯ ᠤ᠋ᠨ ᠬᠦᠨᠳᠦ ᠶ᠋ᠢ ᠦᠵᠡᠭᠡ ᠦᠭᠡᠢ᠃ᠦᠨᠡᠨ ᠳ᠋ᠡᠭᠡᠨ ᠪᠣᠯ ᠠᠯᠲᠠᠨ ᠤᠷᠤᠭ ᠤ᠋ᠨ  ᠬᠢᠨ᠂ ᠲᠡᠷᠡ ᠳᠤᠮᠳᠠ ᠪᠠᠨ ᠣᠯᠠᠨ ᠬᠠᠲᠤᠳ ᠤ᠋ᠨ ᠬᠡᠦᠬᠡᠳ ᠦ᠋ᠳ ᠬᠣᠭᠣᠷᠣᠨᠳᠣ ᠪᠠᠨ ᠡᠪ ᠨᠠᠢᠷᠠᠮᠳᠠᠯ ᠲᠠᠢ ᠪᠠᠢᠬᠤ ᠨᠢ ᠨᠡᠩ ᠬᠣᠪᠣᠷ᠃    
    ᠰᠤᠷᠬᠠᠭᠲᠠᠨᠢ ᠥᠪᠡᠷ ᠦ᠋ᠨ ᠬᠦᠦ ᠮᠥᠩᠬᠡ ᠶ᠋ᠢᠨ ᠢ᠋ᠶ᠋ᠡᠨ ᠲᠥᠯᠥᠭᠡ ᠰᠡᠳᠬᠢᠯ ᠲᠦᠭᠰᠢᠨ ᠰᠠᠭᠤᠯ᠎ᠠ᠃ ᠴᠢᠭᠤᠯᠭᠠᠨ ᠤ᠋ ᠦᠶ᠎ᠡ ᠪᠡᠷ ᠰᠤᠷᠬᠠᠭᠲᠠᠨᠢ ᠬᠠᠲᠤᠨ ᠬᠠᠨ ᠬᠥᠪᠡᠭᠦᠳ ᠲᠦ᠍ ᠬᠠᠨᠳᠤᠨ᠂
     —ᠠᠯᠤᠰ ᠤ᠋ᠨ ᠵᠠᠮ ᠳ᠋ᠤ᠌ ᠮᠣᠷᠢᠨ ᠤ᠋ ᠰᠢᠨᠳᠠᠰᠤ ᠲᠠᠨᠢᠭᠳᠠᠨ᠎ᠠ
       ᠠᠶᠠᠨ ᠤ᠋ ᠬᠣᠯᠠ ᠳ᠋ᠤ᠌ ᠨᠥᠬᠥᠷ ᠦ᠋ᠨ ᠴᠢᠨᠠᠷ ᠲᠠᠨᠢᠭᠳᠠᠨ᠎ᠠ
       ᠵᠥᠭᠡᠯᠡᠨ ᠬᠠᠲᠠᠭᠤ ᠶ᠋ᠢ ᠡᠯᠡᠭᠡᠵᠦ ᠤᠬᠠᠭᠠᠨ ᠤ᠋ ᠴᠢᠨᠠᠷ ᠲᠠᠨᠢᠭᠳᠠᠨ᠎ᠠ
       ᠵᠣᠪᠠᠬᠤ ᠵᠢᠷᠭᠠᠬᠤ ᠶ᠋ᠢᠨ ᠴᠠᠭ ᠲᠤ ᠬᠥᠮᠦᠨ ᠦ᠌ ᠴᠢᠨᠠᠷ ᠲᠠᠨᠢᠭᠳᠠᠨ᠎ᠠ
       ᠠᠯᠲᠠᠨ ᠤᠷᠤᠭ ᠤ᠋ᠨ ᠬᠠᠨ ᠬᠥᠪᠡᠭᠦᠳ ᠲᠠ ᠨᠠᠷ ᠤ᠋ᠨ ᠶᠠᠪᠤᠬᠤ ᠳᠣᠯᠣᠭᠠᠨ ᠪᠣᠯ ᠪᠦᠭᠦᠳᠡ ᠶ᠋ᠢᠨ ᠴᠢᠨᠢ ᠬᠡᠨ ᠪᠣᠯᠬᠤ ᠶ᠋ᠢ ᠰᠣᠷᠢᠬᠤ ᠰᠣᠷᠢᠯᠲᠠ ᠪᠣᠯᠬᠤ ᠶᠤᠮ᠃ ᠥᠨᠥ ᠲᠠ ᠨᠠᠷ ᠬᠥᠮᠦᠨ ᠦ᠌ ᠨᠤᠲᠤᠭ ᠲᠤ ᠳᠠᠢᠳᠤᠬᠤ ᠭᠡᠵᠦ ᠪᠠᠢᠨ᠎ᠠ᠃ ᠳᠠᠢᠰᠤᠨ ᠭᠡᠳᠡᠭ ᠵᠥᠪᠬᠡᠨ ᠳᠠᠭᠠᠷᠢᠨ ᠢᠷᠡᠬᠦ ᠨᠢᠭᠡᠨ ᠪᠤᠰᠤ᠃ ᠵᠡᠷᠭᠡᠴᠡᠨ ᠶᠠᠪᠤᠭ᠎ᠠ ᠨᠥᠬᠥᠷ ᠴᠦ᠍ ᠪᠠᠢᠵᠤ ᠪᠣᠯᠳᠠᠭ᠃ ᠬᠣᠷᠢᠶᠠᠨ ᠠᠪᠴᠤ ᠪᠠᠢᠯᠳᠤᠨ ᠡᠵᠡᠯᠡᠬᠦ ᠡᠴᠡ ᠢᠯᠡᠭᠦᠦ ᠲᠡᠢ ᠬᠣᠯᠠ ᠶ᠋ᠢᠨ ᠭᠠᠵᠠᠷ ᠲᠤ ᠪᠡᠶ᠎ᠡ ᠪᠡᠶ᠎ᠡ ᠪᠡᠨ ᠭᠡᠬᠦ ᠰᠡᠳᠬᠢᠯ ᠢ᠋ᠶ᠋ᠡᠨ ᠬᠠᠲᠠᠭᠤᠮᠵᠢᠯᠠᠵᠤ ᠶᠠᠪᠤᠭᠠᠷᠠᠢ ᠬᠡᠮᠡᠪᠡ᠃ ᠰᠤᠷᠬᠠᠭᠲᠠᠨᠢ ᠬᠠᠲᠤᠨ ᠤ᠋ ᠰᠤᠷᠭᠠᠨ ᠬᠡᠯᠡᠭᠰᠡᠨ ᠡᠨᠡ ᠦᠭᠡ ᠶ᠋ᠢ ᠠᠯᠲᠠᠨ ᠤᠷᠤᠭ ᠤ᠋ᠨ ᠬᠠᠨ ᠬᠥᠪᠡᠭᠦᠳ ᠰᠣᠨᠣᠰᠤᠯ᠎ᠠ᠃ᠬᠠᠲᠤᠨ ᠤ᠋ ᠬᠡᠯᠡᠭᠰᠡᠨ ᠢ᠋ ᠳᠣᠲᠣᠷ᠎ᠠ ᠪᠠᠨ ᠪᠣᠳᠣᠵᠤ ᠶᠠᠪᠤᠬᠤ ᠬᠥᠮᠦᠨ ᠡᠳᠡᠨ ᠦ᠌ ᠳᠣᠲᠣᠷ᠎ᠠ ᠬᠢᠷᠢ ᠣᠯᠠᠨ ᠪᠣᠯᠬᠤ ᠶ᠋ᠢ ᠮᠡᠳᠡᠬᠦ ᠦᠭᠡᠢ᠃
    ᠲᠠᠯ᠎ᠠ ᠨᠤᠲᠤᠭ ᠲᠤ ᠠᠢᠯ ᠪᠦᠷᠢ ᠶ᠋ᠢᠨ ᠲᠣᠭᠣᠨᠣ ᠪᠠᠷ ᠠᠷᠭᠠᠯ ᠤ᠋ᠨ ᠤᠲᠤᠭ᠎ᠠ ᠰᠠᠪᠰᠠᠨ᠂ ᠤᠭᠤᠷ ᠨᠦᠳᠦᠭᠦᠷ ᠦ᠋ᠨ ᠳᠠᠭᠤ ᠬᠠᠩᠭᠢᠨᠠᠨ ᠭᠡᠷ ᠦ᠋ᠨ ᠳᠣᠲᠣᠷ᠎ᠠ ᠡᠮᠡᠭᠲᠡᠢᠴᠦᠳ ᠪᠣᠷᠪᠢ ᠪᠣᠬᠢᠰᠬᠢᠯ ᠦᠭᠡᠢ ᠬᠥᠳᠡᠯᠦᠨ ᠦᠷ ᠴᠠᠢᠯᠭᠠᠬᠤ ᠨᠢ ᠮᠣᠩᠭᠣᠯ ᠤ᠋ᠨ ᠴᠡᠷᠢᠭ ᠦ᠋ᠳ ᠲᠡᠢᠨ ᠳᠣᠯᠣᠭᠠᠨ ᠳ᠋ᠤ᠌ ᠮᠣᠷᠳᠠᠬᠤ ᠶ᠋ᠢᠨ ᠡᠮᠦᠨᠡᠬᠢ ᠰᠥᠨᠢ ᠪᠣᠯᠳᠠᠭ ᠬᠡᠷᠡᠭ ᠪᠢᠯᠡ᠃ ᠡᠷᠦᠬᠡ ᠠᠢᠯ ᠪᠦᠬᠦᠨ ᠨᠢᠭᠡᠨ ᠬᠥᠮᠦᠨ ᠢ᠋ᠶ᠋ᠡᠨ ᠦᠳᠡᠵᠦ ᠪᠠᠢᠭ᠎ᠠ ᠲᠤᠯᠠ᠂ ᠡᠨᠡ ᠶᠡᠬᠡ ᠠᠵᠢᠯ ᠲᠣᠭᠣᠨᠣ ᠪᠠᠷ ᠭᠤᠷᠪᠠᠨ ᠮᠠᠷᠠᠯ ᠭᠣᠳᠣᠢᠬᠤ ᠬᠦᠷᠲᠡᠯ᠎ᠡ ᠦᠷᠭᠦᠯᠵᠢᠯᠡᠨ᠎ᠡ᠃ ᠲᠠᠯ᠎ᠠ ᠨᠤᠲᠤᠭ ᠤ᠋ᠨ ᠡᠮᠡᠭᠲᠡᠢᠴᠦᠳ ᠣᠯᠠᠨ ᠵᠢᠯ ᠦᠷᠭᠦᠯᠵᠢᠯᠡᠭᠰᠡᠨ ᠠᠶᠠᠨ ᠲᠡᠢᠨ ᠦ᠌ ᠲᠤᠷᠰᠢᠲᠠ ᠡᠨᠡ ᠪᠦᠬᠦᠨ ᠢ᠋ ᠬᠢᠭᠰᠡᠭᠡᠷ ᠢᠷᠡᠭᠰᠡᠨ ᠲᠤᠯᠠ ᠭᠠᠷ ᠲᠤᠨᠢ ᠣᠷᠣᠭᠰᠠᠨ ᠭᠡᠯᠲᠡᠢ ᠱᠠᠯᠠᠮᠠᠭᠠᠢ ᠠᠵᠢ᠃ ᠲᠡᠳᠡ ᠵᠠᠮ ᠤ᠋ᠨ ᠤᠷᠲᠤ ᠳ᠋ᠤ᠌ ᠬᠣᠭᠣᠯᠠ ᠪᠣᠯᠬᠤ᠂ ᠤᠳᠠᠭᠠᠨ ᠬᠠᠳᠠᠭᠠᠯᠠᠬᠤ ᠬᠠᠲᠠᠭᠠᠭᠰᠠᠨ ᠠᠭᠠᠷᠤᠤᠯ᠂ ᠪᠣᠷᠴᠠ᠂ ᠰᠦ ᠪᠡᠯᠡᠳᠬᠡᠨ᠂ ᠦᠬᠡᠷ ᠦ᠋ᠨ ᠮᠢᠬ᠎ᠠ ᠶ᠋ᠢ ᠬᠠᠲᠠᠭᠠᠵᠤ ᠨᠦᠳᠦᠨ᠂ ᠦᠩᠬᠦᠯᠴᠡᠭ ᠲᠦ᠋ᠨᠢ ᠪᠠᠭᠲᠠᠭᠠᠨ ᠴᠢᠬᠢᠵᠦ᠂ ᠡᠪᠡᠳᠴᠦ ᠰᠢᠷᠬᠠᠲᠤᠭᠰᠠᠨ ᠦᠶ᠎ᠡ ᠳ᠋ᠦ᠍ ᠬᠡᠷᠡᠭᠯᠡᠬᠦ ᠠᠮᠢᠨ ᠳ᠋ᠤ᠌ ᠲᠤᠰᠠᠲᠠᠢ ᠭᠡᠭᠳᠡᠬᠦ ᠬᠣᠢᠯᠣᠭ ᠤ᠋ᠨ ᠮᠢᠬ᠎ᠠ ᠶ᠋ᠢ ᠬᠦᠷᠲᠡᠯ᠎ᠡ ᠪᠡᠯᠡᠳᠦᠨ ᠵᠡᠭᠡᠨ᠎ᠡ᠃ ᠲᠣᠭᠣᠨᠣ ᠪᠠᠷ ᠨᠢ ᠤᠲᠤᠭ᠎ᠠ ᠰᠠᠪᠰᠠᠨ ᠪᠠᠢᠭ᠎ᠠ ᠭᠡᠷ ᠦ᠋ᠳ ᠦ᠋ᠨ ᠳᠣᠲᠣᠷ᠎ᠠ ᠡᠬᠡ ᠬᠦᠦ ᠬᠣᠶᠠᠷ᠂ ᠡᠬᠡᠨᠡᠷ ᠨᠥᠬᠥᠷ ᠬᠣᠶᠠᠷ ᠳᠠᠬᠢᠨ ᠬᠡᠳᠦᠨ ᠵᠢᠯ ᠪᠡᠶᠡᠰ ᠢ᠋ᠶ᠋ᠡᠨ ᠬᠠᠷᠠᠬᠤ ᠦᠭᠡᠢ ᠭᠡᠳ ᠬᠠᠭᠠᠴᠠᠨ ᠰᠠᠯᠬᠤ ᠭᠡᠵᠦ ᠪᠣᠢ᠃ ᠲᠡᠳᠡ ᠡᠷᠭᠢᠵᠦ ᠠᠭᠤᠯᠵᠠᠬᠤ ᠡᠰᠡᠬᠦ ᠶ᠋ᠢ ᠴᠦ᠍ ᠮᠡᠳᠡᠬᠦ ᠦᠭᠡᠢ᠃
    ᠥᠷᠯᠥᠭᠡ ᠨᠠᠷᠠ ᠮᠠᠨᠳᠤᠵᠤ ᠡᠪᠡᠷ ᠪᠦᠷᠢᠶᠡᠨ ᠦ᠌ ᠳᠠᠭᠤ ᠣᠷᠴᠢᠨ ᠤ᠋ ᠠᠨᠢᠷ ᠦᠭᠡᠢ ᠶ᠋ᠢ ᠡᠪᠳᠡᠬᠦ ᠲᠡᠢ ᠵᠡᠷᠭᠡᠴᠡᠨ ᠶᠡᠬᠡ ᠴᠡᠷᠢᠭ ᠬᠥᠳᠡᠯᠬᠦ ᠭᠡᠵᠦ ᠪᠠᠢᠯ᠎ᠠ᠃ ᠰᠤᠷᠬᠠᠭᠲᠠᠨᠢ ᠬᠠᠲᠤᠨ ᠴᠤ᠌ ᠤᠷᠢᠳ ᠰᠥᠨᠢ ᠥᠬᠢᠨ ᠲᠡᠮᠦᠬᠡᠨ ᠪᠡᠬᠢ ᠪᠣᠯᠤᠨ ᠲᠣᠮᠣ ᠬᠦᠦ ᠶ᠋ᠢᠨ ᠬᠠᠲᠤᠨ ᠬᠤᠲᠤᠭᠲᠠᠢ᠂ ᠠᠵᠢᠨ ᠨᠠᠷ ᠲᠠᠢ ᠬᠠᠮᠲᠤ ᠮᠥᠩᠬᠡ ᠶ᠋ᠢᠨ ᠵᠠᠮ ᠤ᠋ᠨ ᠬᠦᠨᠡᠰᠦ᠂ ᠬᠤᠪᠴᠠᠰᠤ ᠬᠡᠷᠡᠭᠯᠡᠯ ᠢ᠋ ᠪᠡᠯᠡᠳᠬᠡᠭᠡᠳ ᠨᠣᠢᠷ ᠦᠭᠡᠢ ᠬᠣᠨᠣᠭᠰᠠᠨ ᠪᠠᠢᠪᠠ᠃
    ᠵᠡᠷᠭᠡᠴᠡᠨ ᠵᠢᠭᠰᠠᠬᠤ ᠶᠡᠬᠡ ᠴᠡᠷᠢᠭ ᠦ᠋ᠨ ᠡᠮᠦᠨ᠎ᠡ ᠰᠤᠷᠬᠠᠭᠲᠠᠨᠢ ᠬᠠᠲᠤᠨ ᠮᠥᠩᠬᠡ ᠬᠦᠦ ᠪᠡᠨ ᠦᠳᠡᠨ ᠵᠣᠭᠰᠣᠨ᠎ᠠ᠃ ᠶᠡᠬᠡ ᠡᠵᠡᠨ ᠦ᠌ ᠠᠴᠢ᠂ ᠲᠤᠯᠤᠢ ᠨᠣᠶᠠᠨ ᠤ᠋ ᠬᠦᠦ ᠮᠥᠩᠬᠡ ᠡᠮᠦᠨ᠎ᠡ ᠨᠢ ᠬᠡᠳᠦ ᠬᠡᠳᠦᠨ ᠲᠡᠢᠨ ᠳ᠋ᠦ᠍ ᠣᠷᠣᠯᠴᠠᠨ᠂ ᠡᠷᠡᠯᠬᠡᠭ ᠭᠠᠪᠢᠶ᠎ᠠ ᠪᠠᠢᠭᠤᠯᠵᠤ ᠪᠠᠢᠭᠰᠠᠨ ᠪᠢᠯᠡ᠃ ᠲᠡᠷᠡ ᠪᠡᠷ ᠡᠨᠡ ᠤᠳᠠᠭ᠎ᠠ ᠴᠤ᠌ ᠥᠪᠡᠷ ᠦ᠋ᠨ ᠴᠡᠷᠢᠭ ᠢ᠋ ᠤᠳᠤᠷᠢᠳᠤᠨ ᠬᠠᠨ ᠬᠥᠪᠡᠭᠦᠳ ᠦ᠋ᠨ ᠬᠠᠮᠲᠤ ᠪᠠᠷ ᠠᠶᠠᠨ ᠲᠡᠢᠨ ᠳ᠋ᠦ᠍ ᠮᠣᠷᠳᠠᠬᠤ ᠭᠡᠵᠦ ᠪᠠᠢᠨ᠎ᠠ᠃ ᠮᠥᠩᠬᠡ ᠪᠣᠯ ᠥᠰᠬᠦ ᠨᠠᠰᠤᠨ ᠠ᠋ᠴᠠ ᠪᠠᠨ ᠡᠬᠡ ᠶ᠋ᠢᠨ ᠳᠡᠷᠭᠡᠳᠡ ᠪᠠᠢᠵᠤ᠂ ᠪᠣᠳᠢ ᠰᠡᠳᠬᠢᠯ ᠦ᠋ᠨ ᠬᠦᠴᠦ ᠶ᠋ᠢ ᠠᠭᠤᠯᠬᠤ ᠡᠬᠡ ᠶ᠋ᠢᠨ ᠤᠬᠠᠭᠠᠨ ᠢ᠋ᠶ᠋ᠠᠷ ᠬᠥᠮᠦᠵᠢᠭᠰᠡᠨ ᠬᠦᠦ᠃ ᠮᠥᠩᠬᠡ ᠶ᠋ᠢᠨ ᠪᠠᠭ᠎ᠠ ᠪᠠᠯᠴᠢᠷ ᠨᠠᠰᠤᠨ ᠳ᠋ᠤ᠌ ᠶᠡᠬᠡ ᠮᠣᠩᠭᠣᠯ ᠤᠯᠤᠰ ᠣᠷᠣᠨ ᠳ᠋ᠠᠭᠠᠨ ᠤᠨᠲᠠᠬᠤ ᠵᠠᠪ ᠦᠭᠡᠢ ᠣᠯᠵᠠᠯᠳᠦᠨ ᠲᠡᠮᠡᠴᠡᠯᠳᠦᠵᠦ ᠶᠠᠪᠤᠭᠰᠠᠨ ᠲᠤᠯᠠ ᠬᠠᠭᠠᠨ ᠡᠪᠦᠭᠡ᠂ ᠬᠠᠢᠷᠠᠲᠠᠢ ᠠᠪᠤ ᠶ᠋ᠢᠨ ᠢ᠋ᠶ᠋ᠡᠨ ᠳᠡᠷᠭᠡᠳᠡ ᠲᠡᠷᠡ ᠪᠦᠷᠢ ᠪᠠᠢᠭᠰᠠᠨ ᠦᠭᠡᠢ᠃ ᠮᠥᠩᠬᠡ ᠡᠬᠡ ᠶ᠋ᠢᠨ ᠢ᠋ᠶ᠋ᠡᠨ ᠬᠠᠲᠤᠨ ᠤᠬᠠᠭᠠᠨ᠂ ᠠᠯᠢᠪᠠ ᠶ᠋ᠢ ᠬᠤᠷᠴᠠ ᠬᠠᠷᠠᠳᠠᠭ ᠣᠨᠴᠠ ᠮᠡᠷᠭᠡᠨ ᠬᠠᠷᠠᠭ᠎ᠠ᠂ ᠬᠦᠴᠦ ᠳᠣᠷᠣᠢᠲᠠᠨ ᠳ᠋ᠤ᠌ ᠥᠷᠥᠰᠢᠶᠡᠯ ᠡᠨᠡᠷᠢᠯ ᠦ᠋ᠨ ᠭᠠᠷ ᠢ᠋ᠶ᠋ᠠᠨ ᠰᠤᠩᠭᠠᠬᠤ ᠥᠭᠯᠢᠭᠡ ᠶ᠋ᠢᠨ ᠰᠡᠳᠬᠢᠯ ᠢ᠋ ᠥᠪᠯᠡᠨ ᠠᠪᠴᠠᠢ᠃ ᠬᠠᠲᠤᠨ᠂ ᠬᠦᠦ ᠬᠣᠶᠠᠷ ᠲᠠᠢ ᠪᠠᠨ ᠰᠠᠯᠬᠤ ᠶᠣᠰᠣ ᠬᠢᠭᠡᠳ ᠮᠥᠩᠬᠡ ᠡᠬᠡ ᠶ᠋ᠢᠨ ᠢ᠋ᠶ᠋ᠡᠨ ᠳᠡᠷᠭᠡᠳᠡ ᠬᠦᠷᠴᠦ ᠢᠷᠡᠯ᠎ᠡ᠃ ᠰᠤᠷᠬᠠᠭᠲᠠᠨᠢ ᠬᠦᠦ ᠶ᠋ᠢᠨ ᠢ᠋ᠶ᠋ᠡᠨ ᠪᠠᠷᠠᠭᠤᠨ ᠬᠠᠴᠠᠷ ᠢ᠋ ᠦᠨᠦᠰᠦᠨ᠄
    — ᠲᠡᠢᠨ ᠭᠡᠳᠡᠭ ᠠᠯᠠᠵᠤ ᠲᠠᠯᠠᠬᠤ ᠶ᠋ᠢᠨ ᠨᠡᠷ᠎ᠡ ᠪᠢᠰᠢ᠂ ᠥᠷᠥᠰᠢᠶᠡᠨ ᠨᠢᠭᠦᠯᠡᠰᠬᠦ ᠶ᠋ᠢᠨ ᠨᠡᠷ᠎ᠡ ᠪᠠᠢᠳᠠᠭ ᠢ᠋ ᠡᠪᠦᠭᠡ ᠡᠴᠢᠭᠡ ᠶ᠋ᠢᠨ ᠢ᠋ᠶ᠋ᠡᠨ ᠡᠮᠦᠨ᠎ᠡ ᠡᠴᠡ ᠬᠠᠷᠠᠵᠤ ᠮᠡᠳᠡᠵᠦ ᠪᠠᠢᠭᠰᠠᠨ ᠪᠢᠵᠡ᠃ ᠬᠠᠭᠠᠨ ᠡᠪᠦᠭᠡ ᠴᠢᠨᠢ ᠰᠡᠷᠡᠭᠦᠨ ᠠᠬᠤᠢ ᠳ᠋ᠠᠭᠠᠨ ᠡᠵᠡᠯᠡᠨ ᠠᠪᠬᠤ ᠭᠡᠵᠦ ᠪᠠᠢᠭ᠎ᠠ ᠭᠠᠵᠠᠷ ᠣᠷᠣᠨ ᠤ᠋ ᠪᠠᠨ ᠠᠷᠠᠳ ᠢᠷᠭᠡᠳ ᠲᠦ᠍ ᠦᠷᠭᠦᠯᠵᠢ ᠪᠣᠯᠤᠮᠵᠢ ᠣᠯᠭᠣᠳᠠᠭ ᠪᠠᠢᠭᠰᠠᠨ ᠢ᠋ ᠰᠠᠨᠠ᠂ ᠶᠡᠬᠡ ᠬᠠᠭᠠᠨ ᠠᠯᠢᠪᠠ ᠤᠯᠤᠰ ᠣᠷᠣᠨ ᠢ᠋ ᠪᠠᠭᠤᠵᠤ ᠦᠭᠭᠦᠭᠰᠡᠨ ᠲᠣᠬᠢᠶᠠᠯᠳᠤᠯ ᠳ᠋ᠤ᠌ ᠬᠥᠮᠦᠨ ᠦ᠌ ᠠᠮᠢ ᠲᠠᠰᠤᠯᠳᠠᠭ ᠦᠭᠡᠢ ᠪᠠᠢᠭᠰᠠᠨ᠃ ᠠᠯᠠᠵᠤ ᠲᠠᠯᠠᠬᠤ ᠠ᠋ᠴᠠ ᠢᠯᠡᠭᠦᠦ ᠲᠡᠢ ᠥᠷᠥᠰᠢᠶᠡᠵᠦ ᠡᠨᠡᠷᠢᠵᠦ ᠶᠠᠪᠤᠬᠤ ᠨᠢ ᠠᠮᠢ ᠠᠮᠢᠳᠤᠷᠠᠯ ᠤ᠋ᠨ ᠤᠴᠢᠷ ᠶᠤᠮ ᠰᠢᠦ᠂ ᠤᠬᠠᠭᠠᠨ ᠲᠠᠢ ᠶᠠᠪᠤᠭᠠᠷᠠᠢ᠃ ᠨᠡᠷ᠎ᠡ ᠲᠥᠷᠥ ᠭᠡᠳᠡᠭ ᠡᠵᠡᠨ ᠳ᠋ᠡᠭᠡᠨ ᠬᠡᠢ ᠮᠣᠷᠢ ᠠᠪᠴᠤ ᠢᠷᠡᠳᠡᠭ ᠴᠦ᠍ ᠨᠢᠭᠡᠨᠲᠡ ᠨᠢᠭᠤᠷ ᠪᠤᠷᠤᠭᠤᠯᠠᠨ ᠣᠳᠪᠠᠯ ᠡᠷᠭᠢᠵᠦ ᠣᠯᠬᠤ ᠳ᠋ᠤ᠌ ᠪᠡᠷᠬᠡ ᠦᠨᠡᠨ ᠶᠦᠮ ᠰᠢᠦ᠂ ᠵᠥᠪ ᠶᠠᠪᠤᠭᠠᠷᠠᠢ ᠭᠡᠵᠦ ᠬᠡᠯᠡᠭᠡᠳ ᠤᠷᠢᠳ ᠰᠥᠨᠢ ᠶ᠋ᠢᠨ ᠲᠤᠷᠰᠢᠲᠠ ᠪᠡᠯᠡᠳᠴᠦ ᠬᠣᠨᠣᠭᠰᠠᠨ ᠮᠥᠩᠬᠡ ᠶ᠋ᠢᠨ ᠵᠠᠮ ᠳ᠋ᠤ᠌ ᠬᠡᠷᠡᠭᠯᠡᠬᠦ ᠬᠣᠭᠣᠯᠠ ᠬᠦᠨᠡᠰᠦ᠂ ᠡᠮ ᠳᠠᠩ ᠬᠢᠭᠰᠡᠨ ᠪᠣᠭᠴᠣ ᠶ᠋ᠢ ᠥᠭᠭᠦᠩᠬᠡᠨ᠂
      —ᠡᠵᠢ ᠨᠢ ᠤᠰᠤ ᠪᠠᠨ ᠠᠷᠪᠠᠢ ᠳ᠋ᠤ᠌ ᠪᠠᠭᠰᠠᠷᠠᠵᠤ ᠬᠢᠭᠰᠡᠨ ᠪᠠᠢᠭ᠎ᠠ ᠭᠡᠵᠦ ᠤᠷᠢᠳᠤ ᠶ᠋ᠢᠨ ᠠᠳᠠᠯᠢ ᠵᠠᠬᠢᠵᠤ ᠬᠡᠯᠡᠯ᠎ᠡ᠃ ᠡᠬᠡ ᠲᠡᠢ ᠬᠥᠮᠦᠨ ᠦᠬᠦᠳᠡᠭ ᠦᠭᠡᠢ ᠭᠡᠳᠡᠭ ᠶᠠᠷᠢᠶ᠎ᠠ ᠮᠣᠩᠭᠣᠯ ᠤ᠋ᠨ ᠲᠠᠯ᠎ᠠ ᠨᠤᠲᠤᠭ ᠲᠤ ᠬᠡᠵᠢᠶᠡᠨ ᠡᠴᠡ ᠪᠠᠢᠭᠰᠠᠨ ᠦᠭᠡ᠃ ᠨᠢᠭᠡᠨ ᠤᠳᠠᠭ᠎ᠠ ᠮᠥᠩᠬᠡ ᠠᠯᠲᠠᠨ ᠤᠯᠤᠰ ᠲᠤ ᠳᠠᠢᠳᠤᠨ ᠶᠠᠪᠤᠬᠤ ᠳ᠋ᠠᠭᠠᠨ ᠪᠣᠷᠣᠭᠠᠨ ᠳ᠋ᠤ᠌ ᠬᠡᠳᠦ ᠨᠣᠷᠤᠭᠰᠠᠨ ᠤ᠋ ᠤᠯᠠᠮ ᠠ᠋ᠴᠠ ᠬᠠᠯᠠᠭᠤᠷᠠᠨ ᠴᠡᠴᠡᠷᠡᠵᠦ ᠪᠠᠢᠬᠤ ᠦᠶ᠎ᠡ ᠳ᠋ᠡᠭᠡᠨ ᠠᠷᠪᠠᠢ ᠳ᠋ᠤ᠌ ᠵᠢᠭᠤᠷᠠᠨ ᠥᠭᠴᠦ ᠶᠠᠪᠤᠭᠤᠯᠤᠭᠰᠠᠨ ᠡᠬᠡ ᠶ᠋ᠢᠨ ᠢ᠋ᠶ᠋ᠡᠨ ᠤᠰᠤ ᠶ᠋ᠢ ᠬᠦᠷᠲᠡᠨ ᠢᠯᠠᠷᠢᠰᠢᠵᠤ ᠪᠠᠢᠭᠰᠠᠨ ᠲᠤᠯᠠ ᠡᠨᠡ ᠴᠠᠭ ᠠ᠋ᠴᠠ ᠬᠣᠢᠰᠢ ᠡᠬᠡ ᠶ᠋ᠢᠨ ᠤᠰᠤ ᠭᠡᠳᠡᠭ ᠡᠨᠡ ᠠᠷᠢᠭᠤᠨ ᠵᠦᠢᠯ ᠡᠬᠡ ᠦᠷ᠎ᠡ ᠬᠣᠶᠠᠷ ᠢ᠋ ᠦᠯᠦ ᠦᠵᠡᠭᠳᠡᠬᠦ ᠤᠶᠠᠭ᠎ᠠ ᠪᠠᠷ ᠬᠣᠯᠪᠣᠨ ᠪᠠᠢᠳᠠᠭ ᠭᠡᠳᠡᠭ ᠢ᠋ ᠣᠢᠯᠠᠭᠠᠭᠰᠠᠨ ᠪᠢᠯᠡ᠃ ᠮᠠᠭᠠᠳ ᠦᠭᠡᠢ ᠡᠨᠡ ᠴᠠᠭ ᠠ᠋ᠴᠠ ᠬᠣᠢᠰᠢ ᠮᠣᠩᠭᠣᠯ ᠤ᠋ᠨ ᠬᠦᠴᠦᠷᠬᠡᠭ ᠡᠷᠡᠰ ᠡᠬᠡ ᠶ᠋ᠢᠨ ᠢ᠋ᠶ᠋ᠡᠨ ᠤᠰᠤ ᠶ᠋ᠢ ᠡᠢᠨ ᠠᠪᠴᠤ ᠶᠠᠪᠤᠳᠠᠭ ᠪᠣᠯᠤᠭᠰᠠᠨ ᠪᠠᠢᠵᠤ ᠴᠤ᠌ ᠪᠣᠯᠬᠤ ᠶᠤᠮ᠃ ᠮᠥᠩᠬᠡ ᠶ᠋ᠢ ᠶᠡᠬᠡ ᠴᠡᠷᠢᠭ ᠢ᠋ᠶ᠋ᠡᠨ ᠠᠪᠤᠨ ᠠᠯᠤᠰ ᠲᠤ ᠣᠳᠣᠨ ᠪᠠᠷ᠎ᠠ ᠨᠢ ᠲᠠᠰᠤᠷᠠᠲᠠᠯ᠎ᠠ ᠰᠤᠷᠬᠠᠭᠲᠠᠨᠢ ᠬᠠᠲᠤᠨ ᠥᠬᠢᠨ ᠪᠡᠷᠢ ᠬᠣᠶᠠᠷ ᠤ᠋ᠨ ᠢ᠋ᠶ᠋ᠠᠨ ᠬᠠᠮᠲᠤ ᠦᠳᠡᠨ ᠵᠣᠭᠰᠣᠪᠠ᠃ ᠡᠨᠡ ᠤᠳᠠᠭ᠎ᠠ ᠳ᠋ᠤ᠌ ᠬᠠᠨ ᠬᠥᠪᠡᠭᠦᠳ ᠥᠪᠡᠷᠰᠡᠳ ᠦ᠋ᠨ ᠬᠦᠴᠦ ᠪᠡᠷ ᠳᠠᠢᠳᠤᠬᠤ ᠭᠡᠵᠦ ᠪᠠᠢᠨ᠎ᠠ᠃ ᠰᠤᠷᠬᠠᠭᠲᠠᠨᠢ ᠶ᠋ᠢᠨ ᠬᠡᠯᠡᠭᠰᠡᠨᠴᠢᠯᠡᠨ ᠡᠪ ᠡᠶ᠎ᠡ ᠪᠡᠨ ᠬᠢᠴᠢᠶᠡᠵᠦ ᠶᠠᠪᠤᠬᠤ ᠠᠪᠠᠰᠤ ᠡᠨᠡ ᠬᠦᠴᠦᠷᠬᠡᠭ ᠡᠷᠡᠰ ᠢ᠋ ᠶᠠᠮᠠᠷ ᠴᠤ᠌ ᠳᠠᠢᠰᠤᠨ ᠲᠠᠢᠯᠵᠤ ᠴᠢᠳᠠᠬᠤ ᠦᠭᠡᠢ᠃
※ 
    ᠰᠤᠷᠬᠠᠭᠲᠠᠨᠢ ᠬᠠᠲᠤᠨ ᠤ᠋ ᠤᠷᠲᠤ ᠦᠷᠭᠦᠭᠡᠨ ᠳ᠋ᠦ᠍ ᠬᠥᠭᠵᠢᠮ ᠦ᠋ᠨ ᠡᠭᠡᠰᠢᠭ ᠤᠶᠠᠩᠭᠠᠯᠠᠨ ᠪᠠᠢᠯ᠎ᠠ᠃ ᠣᠷᠳᠣᠨ ᠤ᠋ ᠬᠥᠭᠵᠢᠮᠴᠢᠳ ᠦ᠋ᠨ ᠲᠣᠭᠯᠠᠵᠤ ᠪᠣᠢ ᠡᠨᠡ ᠢᠷᠠᠭᠤ ᠰᠠᠢᠬᠠᠨ ᠠᠶᠠᠯᠭᠤᠨ ᠳ᠋ᠤ᠌ ᠲᠠᠯ᠎ᠠ ᠨᠤᠲᠤᠭ ᠤ᠋ᠨ ᠠᠭᠤᠯᠠ ᠲᠤᠯᠤᠭᠠᠳ᠂ ᠬᠤᠸᠠ ᠬᠥᠪᠡᠭᠡ ᠬᠦᠷᠲᠡᠯ᠎ᠡ ᠥᠨᠳᠡᠯᠵᠡᠨ ᠪᠣᠰᠴᠤ᠂ ᠥᠮᠥᠯᠵᠡᠨ ᠤᠶᠠᠷᠠᠬᠤ ᠰᠢᠭ᠋ ᠰᠣᠨᠣᠰᠬᠤᠯᠠᠩ ᠲᠠᠢ ᠠᠵᠢ᠃ ᠰᠤᠷᠬᠠᠭᠲᠠᠨᠢ ᠬᠠᠲᠤᠨ ᠠᠯᠤᠰ ᠲᠤ ᠣᠳᠤᠭᠰᠠᠨ ᠬᠦᠦ ᠪᠡᠨ ᠰᠠᠨᠠᠨ ᠳᠤᠷᠠᠰᠬᠤ ᠳ᠋ᠠᠭᠠᠨ ᠰᠡᠳᠬᠢᠯ ᠰᠠᠨᠠᠭ᠎ᠠ ᠪᠠᠨ ᠲᠠᠢᠪᠤᠰᠢᠷᠠᠭᠤᠯᠬᠤ ᠭᠡᠵᠦ ᠦᠷᠭᠦᠭᠡᠨ ᠳ᠋ᠡᠭᠡᠨ ᠬᠥᠭᠵᠢᠮᠴᠢᠳ ᠢ᠋ ᠠᠪᠴᠢᠷᠠᠳᠠᠭ ᠪᠣᠯᠵᠠᠢ᠃ ᠦᠷᠭᠦᠭᠡᠨ ᠦ᠌ ᠣᠢᠷ᠎ᠠ ᠣᠷᠴᠢᠮ ᠬᠦᠷᠲᠡᠯ᠎ᠡ ᠡᠨᠡ ᠠᠶᠠᠯᠭᠤ ᠳᠠᠭᠤᠷᠢᠰᠤᠨ ᠪᠠᠢᠬᠤ ᠠᠵᠢ᠃ ᠭᠠᠳᠠᠨ᠎ᠠ ᠠ᠋ᠴᠠ ᠠᠵᠢᠨ ᠳᠣᠮᠪᠣᠳᠠᠢ ᠬᠠᠯᠠᠭᠤᠨ ᠴᠠᠢ ᠪᠠᠷᠢᠨ᠂ ᠮᠡᠬᠦᠢᠰᠬᠢᠨ ᠣᠷᠣᠵᠤ ᠢᠷᠡᠭᠡᠳ ᠬᠠᠲᠤᠨ ᠤ᠋ ᠡᠮᠦᠨᠡᠬᠢ ᠶᠠᠪᠠᠭᠠᠨ ᠰᠢᠷᠡᠭᠡᠨ ᠳᠡᠭᠡᠷ᠎ᠡ ᠲᠠᠯᠪᠢᠭᠠᠳ ᠠᠶᠠᠭᠠᠯᠠᠨ ᠪᠠᠷᠢᠯ᠎ᠠ᠃ᠠᠵᠢᠨ᠂ ᠬᠠᠲᠤᠨ ᠢ᠋ ᠬᠥᠭᠵᠢᠮ ᠦ᠋ᠨ ᠠᠶᠠᠯᠭᠤᠨ ᠳ᠋ᠤ᠌ ᠳᠠᠭᠤ ᠱᠣᠣ ᠦᠭᠡᠢ ᠪᠣᠳᠣᠯᠭᠠᠰᠢᠷᠠᠨ ᠰᠠᠭᠤᠬᠤ ᠶ᠋ᠢ ᠬᠠᠷᠠᠭᠠᠳ᠂
    —ᠬᠠᠲᠤᠨᠲᠠᠨ ᠮᠢᠨᠢ ᠠᠯᠤᠰ ᠲᠤ ᠣᠳᠤᠭᠰᠠᠨ ᠬᠦᠦ ᠪᠡᠨ ᠰᠠᠨᠠᠪᠠ ᠤᠤ ᠭᠡᠵᠦ ᠠᠰᠠᠭᠤᠭᠠᠳ᠂
    — ᠬᠠᠲᠤᠨᠲᠠᠨ ᠳ᠋ᠤ᠌ ᠪᠠᠷᠠᠯᠬᠠᠬᠤ ᠬᠦᠰᠡᠯ ᠲᠡᠢ ᠬᠥᠮᠦᠰ ᠤᠯᠠᠮ ᠣᠯᠠᠨ ᠢᠷᠡᠬᠦ ᠪᠣᠯᠵᠠᠢ ᠭᠡᠵᠦ ᠨᠡᠮᠡᠵᠦ ᠬᠡᠯᠡᠯ᠎ᠡ᠃
ᠲᠥᠷᠥ ᠶ᠋ᠢᠨ ᠬᠡᠷᠡᠭ ᠢ᠋ ᠵᠠᠰᠠᠨ ᠦᠯᠡᠳᠡᠭᠰᠡᠨ ᠬᠠᠲᠤᠨᠲᠠᠨ  ᠳ᠋ᠤ᠌ ᠪᠠᠷᠠᠯᠬᠠᠬᠤ ᠬᠦᠰᠡᠯᠲᠡ ᠪᠡᠨ ᠢᠯᠡᠷᠬᠡᠢᠯᠡᠨ᠂ ᠤᠭᠲᠤᠬᠤ ᠲᠠᠪᠤᠨ ᠦᠷᠭᠦᠭᠡᠨ ᠳ᠋ᠦ᠍ ᠲᠠᠪᠤ ᠬᠣᠨᠣᠭᠠᠳ ᠬᠡᠷᠡᠭ ᠵᠣᠷᠢᠭ ᠢ᠋ᠶ᠋ᠠᠨ ᠬᠡᠯᠡᠵᠦ ᠰᠢᠯᠭᠠᠭᠤᠯᠤᠭᠰᠠᠨ ᠤ᠋ ᠳᠠᠷᠠᠭ᠎ᠠ ᠨᠢ ᠰᠠᠶᠢ ᠪᠠᠷᠠᠯᠬᠠᠬᠤ ᠡᠷᠬᠡ ᠪᠡᠨ ᠠᠪᠤᠭᠰᠠᠨ ᠬᠥᠮᠦᠰ ᠬᠦᠯᠢᠶᠡᠵᠦ ᠪᠠᠢᠭᠰᠠᠨ ᠴᠠᠭ᠃ ᠰᠤᠷᠬᠠᠭᠲᠠᠨᠢ᠄
    — ᠥᠨᠥᠳᠥᠷ ᠴᠤ᠌ ᠬᠡᠴᠡᠭᠦᠬᠡᠨ ᠡᠳᠦᠷ ᠪᠣᠯᠵᠤ ᠮᠠᠭᠠᠳ ᠦᠭᠡᠢ ᠶᠦᠮ ᠳᠡ᠃
      —ᠶᠠᠭᠤ ᠪᠣᠯᠤᠨ᠎ᠠ ᠭᠡᠵᠦ?
      —ᠪᠢ ᠬᠠᠷᠠᠬᠣᠷᠣᠮ ᠳ᠋ᠤ᠌ ᠠᠷᠠᠯᠵᠢᠶ᠎ᠠ ᠬᠢᠬᠦ ᠬᠤᠳᠠᠯᠳᠤᠭᠠᠴᠢᠳ ᠤ᠋ᠨ ᠡᠷᠬᠡ ᠶ᠋ᠢ ᠬᠢᠵᠠᠭᠠᠷᠯᠠᠭᠰᠠᠨ ᠰᠢᠢᠳ ᠭᠠᠷᠭᠠᠭᠰᠠᠨ᠂ ᠪᠢᠳᠡ ᠲᠡᠳᠡᠨ ᠦ᠌ ᠠᠮᠠᠨ ᠳ᠋ᠠᠭᠠᠨ ᠬᠡᠯᠡᠭᠰᠡᠨ ᠦᠨ᠎ᠡ ᠪᠡᠷ ᠨᠢ ᠪᠠᠷᠠᠭ᠎ᠠ ᠬᠤᠳᠠᠯᠳᠤᠨ ᠠᠪᠴᠤ᠂ ᠳᠡᠭᠡᠷ᠎ᠡ ᠡᠴᠡ ᠨᠢ ᠠᠷᠪᠠᠨ ᠬᠤᠪᠢ ᠶ᠋ᠢᠨ ᠱᠠᠩ ᠬᠠᠷᠠᠮᠵᠢ ᠨᠡᠮᠡᠵᠦ ᠥᠭᠴᠦ ᠪᠠᠢᠨ᠎ᠠ᠃ ᠬᠡᠳᠦᠢ ᠰᠦᠷ ᠬᠦᠴᠦᠨ ᠲᠡᠭᠦᠯᠳᠡᠷ ᠬᠠᠭᠠᠨᠲᠤ 
ᠲᠥᠷᠥ ᠳᠦ ᠡᠢᠮᠦ ᠦᠷᠡᠯᠭᠡᠨ ᠪᠠᠢᠵᠤ ᠪᠣᠯᠬᠤ ᠦᠭᠡᠢ᠃ ᠲᠡᠳᠡ ᠯᠠᠪ ᠵᠠᠷᠭᠤ ᠮᠡᠳᠡᠭᠦᠯᠬᠦ ᠪᠡᠷ ᠢᠷᠡᠬᠦ ᠪᠢᠵᠡ ᠬᠡᠮᠡᠪᠡ᠃
        ᠲᠦᠷᠦᠭᠦᠨ ᠡᠴᠡ ᠬᠣᠢᠰᠢ ᠳᠠᠭᠤᠷᠢᠰᠤᠨ ᠪᠠᠢᠭᠰᠠᠨ ᠬᠥᠭᠵᠢᠮ ᠦ᠋ᠨ ᠠᠶᠠᠯᠭᠤ ᠡᠭᠡᠰᠢᠭᠯᠡᠭᠰᠡᠭᠡᠷ᠃ ᠡᠨᠡ ᠠᠶᠠᠯᠭᠤ ᠶ᠋ᠢ ᠡᠪᠳᠡᠨ ᠭᠠᠳᠠᠨ᠎ᠠ ᠠ᠋ᠴᠠ《ᠬᠠᠷᠠᠬᠣᠷᠣᠮ ᠤ᠋ᠨ ᠢᠰᠯᠠᠮ ᠤ᠋ᠨ ᠱᠠᠰᠢᠨᠲᠤ ᠬᠤᠳᠠᠯᠳᠤᠭᠠᠴᠢᠳ ᠤ᠋ᠨ ᠠᠬᠠᠯᠠᠭᠴᠢ ᠠᠪᠲᠤᠯ ᠷᠠᠬᠠᠮᠠᠨ ᠢᠷᠡᠯ᠎ᠡ》 ᠭᠡᠰᠡᠨ ᠬᠡᠪᠲᠡᠭᠦᠯ ᠦ᠋ᠨ ᠳᠠᠭᠤ ᠰᠣᠨᠣᠰᠲᠠᠯ᠎ᠠ᠃ ᠳᠥᠩᠭᠡᠵᠦ ᠰᠠᠶᠢᠬᠠᠨ ᠬᠠᠲᠤᠨ ᠡᠬᠡ ᠶ᠋ᠢᠨ ᠬᠡᠯᠡᠵᠦ ᠪᠠᠢᠭᠰᠠᠨ ᠦᠭᠡᠰ ᠰᠠᠨᠠᠭᠠᠨ ᠳ᠋ᠤᠨᠢ ᠣᠷᠣᠭᠰᠠᠨ ᠠᠵᠢᠨ᠂ ᠬᠠᠲᠤᠨ ᠤ᠋ ᠵᠦᠩ ᠰᠤᠪᠢᠨ ᠢ᠋ ᠭᠠᠢᠬᠠᠪᠠ᠃     
    ᠰᠤᠷᠬᠠᠭᠲᠠᠨᠢ ᠡᠨᠡ ᠬᠥᠮᠦᠰ ᠦ᠋ᠨ ᠢᠷᠡᠭᠰᠡᠨ ᠵᠣᠷᠢᠯᠭ᠎ᠠ ᠶᠠᠮᠠᠷ ᠤᠴᠢᠷ ᠲᠠᠢ ᠪᠣᠯᠬᠤ ᠶ᠋ᠢ ᠤᠭ ᠨᠢ ᠰᠠᠢᠨ ᠮᠡᠳᠡᠵᠦ ᠪᠠᠢᠭ᠎ᠠ᠃ ᠭᠡᠪᠡᠴᠦ ᠲᠡᠳᠡᠨ ᠦ᠌ ᠶᠠᠭᠤ ᠥᠭᠦᠯᠡᠬᠦ ᠶ᠋ᠢ ᠰᠣᠨᠣᠰᠬᠤ ᠬᠦᠰᠡᠯ ᠲᠥᠷᠥᠭᠰᠡᠨ ᠲᠤᠯᠠ᠂
    —ᠤᠷᠤᠭᠤᠯ ᠭᠡᠮᠡᠨ ᠵᠥᠪᠰᠢᠶᠡᠷᠡᠭᠰᠡᠨ ᠬᠠᠷᠢᠭᠤ ᠥᠭᠬᠦ ᠳ᠋ᠦ᠍ ᠲᠤᠩ ᠤᠳᠠᠯ ᠦᠭᠡᠢ ᠡᠭᠦᠳᠡ ᠰᠡᠬᠦᠭᠳᠡᠨ ᠬᠠᠷᠢ ᠵᠢᠰᠦ ᠲᠡᠢ ᠬᠣᠶᠠᠷ ᠬᠤᠳᠠᠯᠳᠤᠭᠠᠴᠢᠨ ᠡᠷ᠎ᠡ ᠣᠷᠣᠵᠤ ᠢᠷᠡᠪᠡ᠃ ᠲᠣᠯᠣᠭᠠᠢ ᠪᠠᠨ ᠴᠠᠭᠠᠨ ᠪᠥᠰ ᠢ᠋ᠶ᠋ᠡᠷ ᠣᠷᠢᠶᠠᠵᠤ᠂ ᠣᠷᠣᠢ ᠳᠡᠭᠡᠷ᠎ᠡ ᠪᠡᠨ ᠵᠠᠩᠭᠢᠳᠤᠨ᠂ ᠬᠠᠨᠴᠤᠢ ᠪᠠᠨ ᠢᠯᠡ ᠭᠠᠷᠭᠠᠭᠰᠠᠨ ᠬᠦᠷᠡᠩ ᠥᠩᠭᠡ ᠶ᠋ᠢᠨ ᠤᠭᠠᠯᠵᠠᠨ ᠬᠠᠨᠲᠠᠭᠠᠵᠠ ᠡᠮᠦᠰᠦᠭᠰᠡᠨ ᠳᠥᠴᠢ ᠭᠠᠷᠤᠢ ᠨᠠᠰᠤᠨ ᠤ᠋ ᠶᠦᠭᠵᠦᠷ ᠬᠤᠳᠠᠯᠳᠤᠭᠠᠴᠢᠨ ᠡᠷ᠎ᠡ ᠶ᠋ᠢᠨ ᠬᠠᠵᠠᠭᠤ ᠳ᠋ᠤ᠌ ᠬᠣᠷᠢ ᠭᠠᠷᠤᠢ ᠨᠠᠰᠤᠨ ᠤ᠋ ᠨᠢᠭᠡᠨ ᠵᠠᠯᠠᠭᠤ ᠬᠥᠮᠦᠨ ᠳᠠᠭᠠᠯᠳᠤᠵᠠᠢ᠃ ᠲᠡᠳᠡᠨ ᠦ᠌ ᠠᠬᠠᠮᠠᠳ ᠨᠢ ᠥᠪᠡᠷ ᠢ᠋ ᠪᠡᠨ ᠬᠠᠷᠠᠬᠣᠷᠣᠮ ᠤ᠋ᠨ ᠢᠰᠯᠠᠮ ᠱᠠᠰᠢᠨᠲᠤ ᠬᠤᠳᠠᠯᠳᠤᠭᠠᠴᠢᠳ ᠤ᠋ᠨ ᠠᠬᠠᠯᠠᠭᠴᠢ ᠠᠪᠲᠤᠯ ᠷᠠᠬᠠᠮᠠᠨ ᠭᠡᠮᠡᠨ ᠲᠠᠨᠢᠯᠴᠠᠭᠤᠯᠤᠭᠠᠳ᠂ ᠬᠠᠵᠠᠭᠤ ᠳ᠋ᠠᠭᠠᠨ ᠶᠠᠪᠤᠭ᠎ᠠ ᠵᠠᠯᠠᠭᠤ ᠶ᠋ᠢ ᠬᠤᠳᠠᠯᠳᠤᠭᠠᠴᠢᠨ ᠢᠨᠢᠯᠢ ᠭᠡᠵᠦ ᠨᠡᠮᠡᠵᠦ ᠬᠡᠯᠡᠯ᠎ᠡ᠃ ᠲᠡᠳᠡ ᠦᠷᠭᠦᠭᠡᠨ ᠳ᠋ᠦ᠍ ᠣᠷᠣᠵᠤ ᠢᠷᠡᠩᠭᠦᠲᠡ᠂ ᠭᠠᠳᠠᠨ᠎ᠠ ᠠ᠋ᠴᠠ ᠣᠷᠣᠭᠤᠯᠵᠤ ᠢᠷᠡᠭᠰᠡᠨ ᠪᠡᠯᠡᠭ ᠰᠡᠯᠲᠡ᠂ ᠥᠭᠯᠢᠭᠡ ᠲᠡᠷᠢᠭᠦᠲᠡᠨ ᠢ᠋ ᠬᠠᠲᠤᠨ ᠤ᠋ ᠡᠮᠦᠨ᠎ᠡ ᠳᠡᠯᠭᠡᠨ ᠲᠠᠯᠪᠢᠯ᠎ᠠ᠃ ᠴᠡᠮᠢᠨ ᠲᠠᠩᠰᠤᠭ ᠬᠡ ᠤᠭᠠᠯᠵᠠ ᠪᠦᠬᠦᠢ ᠲᠣᠷᠭ᠎ᠠ ᠳᠤᠷᠳᠤᠩ᠂ ᠡᠮᠦᠨ᠎ᠡ ᠵᠦᠭ ᠦ᠋ᠨ ᠲᠣᠭᠣᠰ ᠰᠢᠪᠠᠭᠤᠨ ᠤ᠋ ᠥᠳᠥ᠂ ᠵᠠᠭᠠᠨ ᠤ᠋ ᠰᠣᠶᠣᠭ᠎ᠠ᠂ ᠪᠢᠷ ᠶᠠᠨᠲᠠᠢ ᠲᠡᠷᠢᠭᠦᠲᠡᠨ ᠬᠠᠲᠤᠨ ᠤ᠋ ᠡᠮᠦᠨᠡᠬᠢ ᠰᠢᠷᠡᠭᠡᠨ ᠳᠡᠭᠡᠷ᠎ᠡ ᠳᠡᠯᠭᠡᠭᠳᠡᠨ ᠲᠠᠯᠪᠢᠯ᠎ᠠ᠃
    — ᠢᠷᠡᠭᠰᠡᠨ ᠤᠴᠢᠷ ᠢ᠋ᠶ᠋ᠠᠨ ᠲᠠᠢᠯᠪᠤᠷᠢᠯᠠᠨ ᠬᠡᠯᠡ! ᠬᠡᠮᠡᠬᠦ ᠳ᠋ᠦ᠍ ᠠᠪᠲᠤᠯ ᠷᠠᠬᠠᠮᠠᠨ ᠬᠠᠲᠤᠨᠲᠠᠨ ᠳ᠋ᠦ᠍ ᠬᠦᠨᠳᠦᠳᠬᠡᠯ ᠢᠯᠡᠷᠬᠡᠢᠯᠡᠭᠡᠳ᠂
    —ᠬᠠᠲᠤᠨ ᠲᠠᠨ ᠤ᠋ ᠭᠠᠷᠭᠠᠭᠰᠠᠨ ᠰᠢᠢᠳ ᠢ᠋ᠶ᠋ᠡᠨ ᠡᠷᠭᠢᠨ ᠬᠠᠷᠠᠵᠤ᠂ ᠬᠤᠳᠠᠯᠳᠤᠭᠠᠴᠢᠳ ᠪᠢᠳᠡᠨ ᠳ᠋ᠦ᠍ ᠳᠠᠬᠢᠨ ᠨᠢᠭᠡ ᠪᠣᠯᠤᠮᠵᠢ ᠣᠯᠭᠣᠨ᠂ ᠬᠠᠭᠠᠨ ᠤ᠋ ᠵᠠᠷᠯᠢᠭ ᠢ᠋ ᠬᠡᠪ ᠢ᠋ᠶ᠋ᠡᠷ ᠦᠯᠡᠳᠡᠭᠡᠵᠦ ᠥᠭᠬᠦ ᠶ᠋ᠢ ᠬᠦᠰᠡᠵᠦ ᠡᠨᠳᠡ ᠢᠷᠡᠯ᠎ᠡ ᠭᠡᠵᠦ ᠬᠡᠯᠡᠪᠡ᠃
    ᠡᠨᠡ ᠬᠥᠮᠦᠨ ᠦ᠌ ᠶᠠᠷᠢᠶ᠎ᠠ ᠶ᠋ᠢ ᠰᠣᠨᠣᠰᠴᠤ ᠪᠠᠢᠷᠢ ᠪᠠᠢᠳᠠᠯ ᠢ᠋ ᠠᠵᠢᠭᠯᠠᠪᠠᠯ ᠬᠡᠵᠢᠶᠡᠨ ᠦ᠌ ᠣᠯᠠᠨ ᠭᠠᠵᠠᠷ ᠢ᠋ᠶ᠋ᠠᠷ ᠶᠠᠪᠤᠵᠤ ᠶᠠᠭᠤᠮ᠎ᠠ ᠦᠵᠡᠵᠦ ᠨᠢᠳᠦ ᠲᠠᠢᠯᠤᠭᠰᠠᠨ ᠨᠢᠭᠡᠨ ᠭᠡᠳᠡᠭ ᠢ᠋ ᠬᠠᠷᠠᠵᠤ ᠪᠣᠯᠬᠤ ᠪᠠᠷ᠃ ᠲᠡᠷᠡ ᠪᠡᠷ ᠴᠠᠢᠯᠭᠠᠨ ᠰᠡᠳᠬᠢᠯᠲᠦ ᠲᠠᠯ᠎ᠠ ᠨᠤᠲᠤᠭ ᠤ᠋ᠨ ᠬᠥᠮᠦᠰ ᠢ᠋ ᠠᠮᠠᠷᠬᠠᠨ ᠡᠷᠬᠡᠨ ᠳ᠋ᠡᠭᠡᠨ ᠣᠷᠣᠭᠤᠯᠵᠤ ᠴᠢᠳᠠᠨ᠎ᠠ ᠭᠡᠵᠦ ᠥᠪᠡᠷ ᠳ᠋ᠠᠭᠠᠨ ᠢᠲᠡᠭᠡᠭᠰᠡᠨ ᠢᠲᠡᠭᠡᠯ ᠦ᠋ᠨ ᠬᠢᠨᠢ ᠴᠠᠭᠠᠨ᠎ᠠ ᠪᠠᠷᠳᠠᠮ ᠵᠠᠩ᠂ ᠲᠡᠭᠦᠨ ᠲᠡᠢ ᠵᠡᠷᠭᠡᠴᠡᠬᠦ ᠬᠤᠳᠠᠯ ᠬᠠᠭᠤᠷᠮᠠᠭ ᠨᠢᠭᠤᠭᠳᠠᠨ ᠪᠠᠢᠭ᠎ᠠ ᠨᠢ ᠮᠡᠳᠡᠷᠡᠭᠳᠡᠨ᠎ᠡ᠃ ᠠᠪᠲᠤᠯ ᠷᠠᠬᠠᠨᠮᠠᠨ ᠤ᠋ ᠢᠯᠡᠳᠲᠡ ᠪᠢᠯᠳᠠᠤᠴᠢᠯᠠᠨ᠂ ᠥᠩᠭᠡᠨ ᠳᠡᠭᠡᠷ᠎ᠡ ᠪᠡᠨ ᠭᠡᠮ ᠦᠭᠡᠢ ᠰᠠᠢᠨ ᠬᠥᠮᠦᠨ ᠦ᠌ ᠳᠦᠷᠢ ᠡᠰᠬᠡᠨ ᠪᠠᠢᠭ᠎ᠠ ᠵᠡᠷᠭᠡ ᠨᠢ ᠬᠠᠲᠤᠨ ᠤ᠋ ᠨᠢᠳᠦᠨ ᠳ᠋ᠦ᠍ ᠲᠣᠳᠣᠬᠠᠨ ᠬᠠᠷᠠᠭᠳᠠᠵᠤ ᠪᠠᠢᠯ᠎ᠠ᠃ ᠰᠤᠷᠬᠠᠭᠲᠠᠨᠢ ᠬᠠᠲᠤᠨ ᠲᠡᠭᠦᠨ ᠦ᠌ ᠬᠠᠷᠢᠭᠤ ᠳ᠋ᠤ᠌᠄
    —ᠬᠡᠳᠦᠢᠪᠡᠷ ᠬᠠᠭᠠᠨ ᠤ᠋ ᠬᠡᠰᠢᠭ ᠳᠠᠯᠠᠢ ᠮᠡᠲᠦ ᠠᠭᠤᠳᠠᠮ ᠴᠤ᠌  ᠶᠡᠬᠡ ᠮᠣᠩᠭᠣᠯ ᠤᠯᠤᠰ ᠥᠨᠥᠳᠥᠷ ᠥᠪᠡᠷᠰᠡᠳ ᠢ᠋ᠶ᠋ᠡᠨ ᠲᠠ ᠪᠦᠬᠦᠨ ᠦ᠌ ᠠᠷᠠᠯᠵᠢᠶᠠᠯᠠᠨ ᠪᠣᠢ ᠵᠦᠢᠯ ᠢ᠋ ᠬᠢᠵᠦ᠂ ᠤᠷᠠᠯᠠᠵᠤ ᠴᠢᠳᠠᠬᠤ ᠦᠭᠡᠢ ᠪᠠᠢᠭ᠎ᠠ ᠲᠤᠯᠠ ᠦᠨᠡᠨ ᠳ᠋ᠡᠭᠡᠨ ᠪᠣᠯ ᠶᠠᠮᠠᠷ ᠴᠤ᠌ ᠪᠠᠷᠠᠭ᠎ᠠ ᠲᠠᠸᠠᠷ ᠢ᠋ ᠲᠠ ᠨᠠᠷ ᠤ᠋ᠨ ᠬᠡᠯᠡᠭᠰᠡᠨ ᠦᠨ᠎ᠡ ᠪᠡᠷ ᠬᠤᠳᠠᠯᠳᠤᠨ ᠠᠪᠴᠤ ᠪᠠᠢᠭ᠎ᠠ᠃ ᠠᠯᠢᠪᠠ ᠮᠠᠢᠮᠠᠢ ᠠᠷᠠᠯᠵᠢᠶᠠᠨ ᠳ᠋ᠤ᠌ ᠬᠣᠶᠠᠷ ᠲᠠᠯ᠎ᠠ ᠬᠠᠷᠢᠯᠴᠠᠨ ᠦᠨ᠎ᠡ ᠬᠡᠯᠡᠯᠴᠡᠳᠡᠭ ᠵᠢᠮ᠎ᠡ ᠲᠡᠢ᠃ ᠬᠡᠯᠡᠭᠰᠡᠨ ᠦᠨ᠎ᠡ ᠪᠡᠷ ᠨᠢ ᠬᠤᠳᠠᠯᠳᠤᠨ ᠠᠪᠤᠭᠠᠳ ᠳᠡᠭᠡᠷ᠎ᠡ ᠡᠴᠡ ᠨᠢ ᠪᠠᠰᠠ ᠠᠷᠪᠠᠨ ᠬᠤᠪᠢ ᠶ᠋ᠢᠨ ᠠᠰᠢᠭ ᠢ᠋ ᠲᠠ ᠪᠦᠬᠦᠨ ᠳ᠋ᠦ᠍ ᠨᠥᠬᠥᠨ ᠣᠯᠭᠣᠵᠤ ᠪᠠᠢᠭ᠎ᠠ ᠨᠢ ᠬᠠᠭᠠᠨ ᠤ᠋ ᠬᠥᠷᠥᠩᠭᠡ ᠶ᠋ᠢ ᠬᠡᠲᠦᠷᠬᠡᠢ ᠦᠷᠡᠵᠦ ᠰᠠᠴᠤᠭᠰᠠᠨ ᠬᠡᠷᠡᠭ ᠪᠠᠢᠭ᠎ᠠ ᠲᠤᠯᠠ ᠡᠨᠡ ᠰᠢᠢᠳ ᠢ᠋ ᠥᠭᠡᠷᠡᠴᠢᠯᠡᠬᠦ ᠪᠣᠯᠤᠮᠵᠢ ᠦᠭᠡᠢ ᠭᠡᠮᠡᠨ ᠬᠡᠯᠡᠪᠡ᠃ ᠨᠢᠭᠡᠨᠲᠡ ᠵᠠᠰᠠᠭ ᠪᠠᠷᠢᠨ ᠦᠯᠡᠳᠡᠭᠰᠡᠨ ᠶᠡᠬᠡ ᠬᠠᠲᠤᠨ ᠡᠢᠨ ᠠᠢᠯᠠᠳᠴᠤ ᠪᠠᠢᠭ᠎ᠠ ᠪᠣᠯᠬᠣᠷ ᠬᠤᠳᠠᠯᠳᠤᠭᠠᠴᠢᠳ ᠴᠠᠭᠠᠰᠢᠳᠠ ᠥᠴᠢᠬᠦ ᠳ᠋ᠦ᠍ ᠬᠡᠴᠡᠭᠦᠦ᠂ ᠭᠡᠪᠡᠴᠦ ᠲᠡᠭᠦᠨ ᠲᠡᠢ ᠬᠠᠮᠲᠤ ᠣᠷᠣᠵᠤ ᠢᠷᠡᠭᠰᠡᠨ ᠵᠠᠯᠠᠭᠤ ᠬᠤᠳᠠᠯᠳᠤᠭᠠᠴᠢᠨ ᠵᠣᠷᠢᠭ ᠭᠠᠷᠭᠠᠨ ᠥᠴᠢᠬᠦ ᠪᠡᠷ ᠰᠢᠢᠳᠦᠭᠰᠡᠨ ᠪᠣᠯᠤᠯᠲᠠᠢ᠂ ᠬᠣᠭᠣᠯᠠᠢ ᠨᠢ ᠦᠯᠦ ᠶᠠᠯᠢᠭ ᠴᠡᠴᠡᠷᠡᠨ᠄
    —ᠡᠷᠬᠢᠮ ᠳᠡᠭᠡᠳᠦᠰ ᠮᠢᠨᠢ᠃ ᠪᠢᠳᠡ ᠠᠯᠤᠰ ᠬᠣᠯᠠ ᠠ᠋ᠴᠠ ᠠᠯᠢ ᠥᠩᠭᠡ ᠲᠡᠢ ᠥᠭᠡᠳᠡ ᠲᠡᠢ ᠪᠦᠬᠦᠨ ᠢ᠋ ᠣᠯᠵᠤ ᠦᠬᠦᠯ ᠠᠮᠢᠳᠤᠷᠠᠯ ᠤ᠋ᠨ ᠳᠤᠮᠳᠠᠭᠤᠷ ᠲᠤᠭᠤᠴᠢᠨ ᠡᠨᠳᠡ ᠠᠪᠴᠢᠷᠠᠳᠠᠭ᠃ ᠠᠷᠠᠯᠵᠢᠶ᠎ᠠ ᠮᠠᠢᠮᠠᠢ ᠭᠡᠳᠡᠭ ᠠᠮᠢ ᠦᠷᠡᠭᠰᠡᠨ ᠠᠵᠢᠯ ᠪᠠᠢᠳᠠᠭ ᠢ᠋ ᠲᠠ ᠶᠠᠭᠤ ᠡᠰᠡ ᠮᠡᠳᠡᠬᠦ ᠪᠢᠯᠡ᠃ ᠬᠠᠭᠠᠨ ᠤ᠋ ᠬᠡᠰᠢᠭ ᠱᠠᠩ ᠬᠠᠷᠠᠮᠵᠢᠨ ᠳ᠋ᠤ᠌ ᠲᠠᠯᠠᠷᠬᠠᠭᠰᠠᠨ ᠳ᠋ᠠᠭᠠᠨ ᠯᠠ ᠥᠨᠥ ᠬᠦᠷᠲᠡᠯ᠎ᠡ ᠡᠨᠡ ᠠᠵᠢᠯ ᠢ᠋ᠶ᠋ᠠᠨ ᠵᠣᠭᠰᠣᠭᠠᠯ ᠦᠭᠡᠢ ᠦᠷᠭᠦᠯᠵᠢᠯᠡᠭᠦᠯᠵᠦ ᠪᠠᠢᠭ᠎ᠠ ᠪᠢᠯᠡ ᠭᠡᠪᠡ᠃
     ᠵᠠᠯᠠᠭᠤ ᠬᠤᠳᠠᠯᠳᠤᠭᠠᠴᠢᠨ ᠤ᠋ ᠬᠠᠴᠠᠷ ᠨᠢ ᠦᠯᠦ ᠮᠡᠳᠡᠭ ᠤᠯᠠᠢᠵᠤ᠂ ᠠᠮᠠ ᠨᠢ ᠡᠪᠯᠡᠵᠦ ᠥᠭᠬᠦ ᠦᠭᠡᠢ ᠡᠭᠡᠷᠡᠨ ᠪᠠᠢᠭ᠎ᠠ ᠶ᠋ᠢ ᠦᠵᠡᠪᠡᠯ᠂ ᠲᠡᠷᠡ ᠪᠡᠷ ᠬᠤᠳᠠᠯ ᠶᠠᠷᠢᠵᠤ ᠴᠢᠳᠠᠳᠠᠭ ᠦᠭᠡᠢ ᠬᠥᠮᠦᠨ ᠪᠣᠯᠬᠤ ᠨᠢ ᠢᠯᠡᠳᠲᠡ ᠬᠠᠷᠠᠭᠳᠠᠨ᠎ᠠ᠃ ᠬᠠᠲᠤᠨᠲᠠᠨ ᠡᠨᠡ ᠬᠥᠮᠦᠨ ᠦ᠌ ᠶᠠᠷᠢᠶ᠎ᠠ ᠶ᠋ᠢ ᠰᠣᠨᠣᠰᠤᠭᠠᠳ《ᠠᠷᠭ᠎ᠠ ᠦᠭᠡᠢ ᠯᠡ ᠵᠠᠯᠠᠭᠤ ᠬᠥᠮᠦᠨ ᠤᠴᠢᠷ ᠬᠤᠳᠠᠯ ᠬᠡᠯᠡᠵᠦ ᠰᠤᠷᠤᠭ᠎ᠠ ᠦᠭᠡᠢ ᠪᠣᠯᠤᠯᠲᠠᠢ》 ᠭᠡᠵᠦ ᠪᠣᠳᠣᠪᠠ᠃ ᠭᠡᠪᠡᠴᠦ ᠲᠡᠳᠡᠨ ᠦ᠌ ᠵᠣᠷᠢᠯᠭ᠎ᠠ ᠣᠢᠯᠠᠭᠠᠮᠵᠢᠲᠠᠢ ᠪᠠᠢᠭᠰᠠᠨ ᠲᠤᠯᠠ᠄
      —ᠠᠮᠢᠳᠤᠷᠠᠯ ᠭᠡᠵᠦ ᠦᠬᠦᠯ ᠠᠮᠢᠳᠤᠷᠠᠯ ᠤ᠋ᠨ ᠳᠤᠮᠳᠠᠭᠤᠷ ᠶᠠᠪᠤᠬᠤ ᠶ᠋ᠢ ᠬᠡᠯᠡᠳᠡᠭ᠂ ᠲᠠ ᠨᠠᠷ ᠥᠪᠡᠷᠰᠡᠳ ᠢ᠋ ᠪᠡᠨ ᠭᠠᠭᠴᠠᠭᠠᠷ ᠢᠩᠭᠢᠵᠦ ᠶᠠᠪᠤᠳᠠᠭ ᠭᠡᠵᠦ ᠰᠡᠳᠬᠢᠨ᠎ᠡ ᠤᠤ ᠥᠨᠥᠳᠥᠷ ᠦ᠋ᠨ ᠶᠡᠬᠡ ᠮᠣᠩᠭᠣᠯ ᠢ᠋ ᠪᠢᠳᠡᠨ ᠳ᠋ᠦ᠍ ᠦᠯᠡᠳᠡᠭᠡᠭᠰᠡᠨ ᠡᠪᠦᠭᠡ ᠳᠡᠭᠡᠳᠦᠰ ᠮᠢᠨᠢ ᠲᠠ ᠨᠠᠷ ᠠ᠋ᠴᠠ ᠴᠤ᠌ ᠢᠯᠡᠭᠦᠦ ᠦᠬᠦᠯ ᠠᠮᠢᠳᠤᠷᠠᠯ ᠤ᠋ᠨ ᠳᠤᠮᠳᠠᠭᠤᠷ ᠶᠠᠪᠤᠭᠰᠠᠭᠠᠷ ᠢᠷᠡᠭᠰᠡᠨ᠂ ᠬᠠᠷᠢᠨ ᠪᠢᠳᠡ ᠬᠤᠳᠠᠯᠳᠤᠭᠠᠴᠢᠳ ᠲᠠ ᠨᠠᠷ ᠤ᠋ᠨ ᠤᠯᠤᠰ ᠳᠠᠮᠨᠠᠨ ᠵᠣᠷᠴᠢᠵᠤ᠂ ᠠᠷᠠᠯᠵᠢᠶ᠎ᠠ ᠮᠠᠢᠮᠠᠢ ᠬᠢᠬᠦ ᠪᠦᠬᠦᠢ ᠯᠡ ᠪᠣᠯᠤᠮᠵᠢ ᠶ᠋ᠢ ᠲᠠᠯᠪᠢᠵᠤ ᠥᠭᠭᠦᠭᠰᠡᠨ᠂ ᠨᠢᠭᠡᠨ ᠴᠠᠭ ᠲᠤ᠌ ᠰᠤᠷᠠᠭ ᠢ᠋ ᠨᠢ ᠲᠤᠭᠤᠯᠵᠤ ᠰᠣᠨᠣᠰᠴᠤ ᠴᠤ᠌ ᠪᠠᠢᠭ᠎ᠠ ᠦᠭᠡᠢ ᠭᠠᠵᠠᠷ ᠣᠷᠣᠨ ᠳ᠋ᠤ᠌ ᠲᠠ ᠨᠠᠷ ᠠᠷᠠᠯᠵᠢᠶ᠎ᠠ ᠮᠠᠢᠮᠠᠢ ᠬᠢᠳᠡᠭ ᠪᠣᠯᠤᠯ᠎ᠠ᠃ ᠬᠤᠳᠠᠯᠳᠤᠭᠠᠴᠢᠳ ᠲᠠ ᠪᠦᠬᠦᠨ ᠦ᠌ ᠡᠨᠡ ᠮᠡᠲᠦ ᠢᠯᠡᠳᠲᠡ ᠳᠠᠪᠠᠭᠤᠷᠠᠭᠰᠠᠨ ᠦᠢᠯᠡ ᠶᠠᠪᠤᠳᠠᠯ ᠢ᠋ ᠵᠣᠭᠰᠣᠭᠠᠵᠤ ᠠᠷᠪᠠᠨ ᠬᠤᠪᠢ ᠶ᠋ᠢᠨ ᠱᠠᠩ ᠬᠠᠷᠠᠮᠵᠢ ᠶ᠋ᠢ ᠦᠭᠡᠢ ᠬᠢᠬᠦ ᠨᠢ ᠪᠠᠭᠠᠳᠤᠭᠰᠠᠨ ᠬᠡᠷᠡᠭ ᠪᠠᠢᠵᠠᠢ᠃ ᠳᠡᠭᠡᠷ᠎ᠡ ᠨᠢ ᠨᠡᠮᠡᠭᠡᠳ ᠬᠡᠯᠡᠭᠰᠡᠨ ᠦᠨ᠎ᠡ ᠶ᠋ᠢ ᠨᠢ ᠬᠣᠶᠠᠷ ᠲᠠᠯ᠎ᠠ ᠬᠠᠷᠢᠯᠴᠠᠨ ᠲᠣᠬᠢᠷᠠᠵᠤ ᠬᠤᠳᠠᠯᠳᠤᠭ᠎ᠠ ᠮᠠᠢᠮᠠᠢ ᠬᠢᠳᠡᠭ ᠰᠢᠨ᠎ᠡ ᠵᠢᠷᠤᠮ ᠭᠠᠷᠭᠠᠵᠤ ᠢᠷᠡᠬᠦ ᠬᠡᠷᠡᠭᠲᠡᠢ ᠶᠦᠮ ᠪᠠᠢᠨ᠎ᠠ ᠭᠡᠮᠡᠨ ᠬᠠᠲᠤᠨ ᠢ᠋ ᠬᠡᠯᠡᠬᠦ ᠳ᠋ᠦ᠍ ᠬᠡᠷᠡᠭ ᠶᠠᠪᠤᠳᠠᠯ ᠪᠦᠷ ᠪᠢᠰᠢᠳᠡᠵᠦ ᠪᠠᠢᠭ᠎ᠠ ᠶ᠋ᠢ ᠣᠢᠯᠠᠭᠠᠭᠰᠠᠨ ᠬᠤᠳᠠᠯᠳᠤᠭᠠᠴᠢᠳ ᠳᠠᠷᠤᠢᠬᠠᠨ ᠥᠷᠭᠥᠭᠡ ᠶ᠋ᠢ ᠣᠷᠬᠢᠬᠤ ᠬᠡᠷᠡᠭ ᠲᠡᠢ ᠪᠡᠨ ᠣᠢᠯᠠᠭᠠᠯ᠎ᠠ᠃
       ᠦᠨᠡᠨ ᠳ᠋ᠡᠭᠡᠨ ᠬᠠᠲᠤᠨ ᠤ᠋ ᠠᠭᠤᠷ ᠢ᠋ ᠶᠡᠬᠡ ᠪᠡᠷ ᠬᠦᠷᠭᠡᠬᠦ ᠶᠦᠮ ᠪᠣᠯ ᠠᠷᠪᠠᠨ ᠬᠤᠪᠢ ᠶ᠋ᠢᠨ ᠱᠠᠩ ᠬᠠᠷᠠᠮᠵᠢ ᠪᠠᠨ ᠠᠯᠳᠠᠭᠠᠳ ᠵᠣᠭᠰᠣᠬᠤ ᠦᠭᠡᠢ᠂ ᠠᠮᠠᠨ ᠳ᠋ᠠᠭᠠᠨ ᠪᠠᠭᠲᠠᠭᠰᠠᠨ ᠦᠨ᠎ᠡ ᠪᠡᠷ ᠠᠷᠠᠯᠵᠢᠶ᠎ᠠ ᠬᠢᠳᠡᠭ᠂ ᠮᠣᠩᠭᠣᠯ ᠤ᠋ᠨ ᠲᠠᠯ᠎ᠠ ᠨᠤᠲᠤᠭ ᠤ᠋ᠨ ᠡᠨᠡ ᠡᠳ᠋ ᠪᠠᠶᠠᠯᠢᠭ ᠤ᠋ᠨ ᠠᠭᠤᠷᠬᠠᠢ ᠶ᠋ᠢᠨ ᠢ᠋ᠶ᠋ᠡᠨ ᠬᠠᠭᠠᠯᠭ᠎ᠠ ᠶ᠋ᠢ ᠡᠭᠦᠷᠢᠳᠡ ᠬᠠᠭᠠᠬᠤ ᠠᠶᠤᠯ ᠲᠤᠯᠭᠠᠷᠠᠵᠤ ᠪᠣᠯᠬᠤ ᠶ᠋ᠢ ᠳᠠᠭᠠᠪᠤᠷᠢᠯᠠᠭᠰᠠᠨ ᠤᠴᠢᠷ ᠲᠡᠳᠡᠨ ᠳ᠋ᠦ᠍ ᠥᠴᠢᠬᠦ ᠵᠦᠢᠯ ᠪᠠᠢᠬᠤ ᠦᠭᠡᠢ ᠪᠣᠯᠤᠭᠠᠳ ᠰᠤᠷᠬᠠᠭᠲᠠᠨᠢ ᠳ᠋ᠤ᠌ ᠮᠥᠷᠭᠥᠭᠡᠳ ᠤᠬᠤᠷᠢᠭᠰᠠᠭᠠᠷ ᠭᠠᠷᠴᠤ ᠣᠳᠪᠠ᠃ 
    ᠰᠤᠷᠬᠠᠭᠲᠠᠨᠢ ᠬᠠᠲᠤᠨ ᠤ᠋ ᠲᠥᠷᠥ ᠶ᠋ᠢᠨ ᠬᠡᠷᠡᠭ ᠢ᠋ ᠠᠪᠴᠤ ᠦᠯᠡᠳᠡᠭᠡᠳ ᠬᠢᠭᠰᠡᠨ ᠬᠠᠮᠤᠭ ᠤ᠋ᠨ ᠠᠩᠬᠠᠨ ᠤ᠋ ᠠᠵᠢᠯ ᠨᠢ ᠰᠦᠮ᠎ᠡ ᠬᠡᠢᠳ᠂ ᠱᠠᠰᠢᠨ ᠮᠥᠷᠭᠥᠯ ᠦ᠋ᠨ ᠭᠠᠵᠠᠷ ᠤ᠋ᠳ ᠤ᠋ᠨ ᠦᠢᠯᠡ ᠠᠵᠢᠯᠯᠠᠭ᠎ᠠ ᠶ᠋ᠢ ᠲᠠᠲᠠᠪᠤᠷᠢ ᠠ᠋ᠴᠠ ᠴᠢᠯᠥᠭᠡᠯᠡᠬᠦ ᠪᠠᠢᠭᠰᠠᠨ ᠪᠣᠯ᠂ ᠳᠠᠷᠠᠭ᠎ᠠ ᠶ᠋ᠢᠨ ᠬᠢᠭᠰᠡᠨ ᠠᠵᠢᠯ ᠨᠢ ᠥᠭᠡᠳᠡᠢ ᠬᠠᠭᠠᠨ ᠤ᠋ ᠵᠠᠷᠯᠢᠭ ᠢ᠋ᠶ᠋ᠠᠷ ᠭᠠᠳᠠᠨ᠎ᠠ ᠶ᠋ᠢᠨ ᠬᠤᠳᠠᠯᠳᠤᠭᠠᠴᠢᠳ ᠤ᠋ᠨ ᠠᠷᠠᠯᠵᠢᠶᠠᠯᠠᠭᠰᠠᠨ ᠪᠠᠷᠠᠭ᠎ᠠ ᠲᠠᠸᠠᠷ ᠳᠡᠭᠡᠷ᠎ᠡ ᠨᠡᠮᠡᠵᠦ ᠠᠷᠪᠠᠨ ᠬᠤᠪᠢ ᠶ᠋ᠢᠨ ᠠᠰᠢᠭ ᠣᠯᠭᠣᠳᠠᠭ ᠪᠠᠢᠭᠰᠠᠨ ᠢ᠋ ᠪᠣᠯᠢᠭᠤᠯᠤᠭᠰᠠᠨ ᠶᠠᠪᠤᠳᠠᠯ ᠪᠠᠢᠯ᠎ᠠ᠃
       ᠬᠣᠶᠠᠷ ᠬᠤᠳᠠᠯᠳᠤᠭᠠᠴᠢᠨ ᠤ᠋ ᠭᠠᠷᠴᠤ ᠶᠠᠪᠤᠭᠰᠠᠨ ᠤ᠋ ᠳᠠᠷᠠᠭ᠎ᠠ  ᠰᠤᠷᠬᠠᠭᠲᠠᠨᠢ ᠬᠠᠲᠤᠨ ᠳᠡᠷᠭᠡᠳᠡ ᠪᠡᠨ ᠵᠣᠭᠰᠣᠵᠤ ᠪᠠᠢᠭᠰᠠᠨ ᠠᠵᠢᠨ ᠳ᠋ᠤ᠌ ᠬᠠᠨᠳᠤᠨ᠂
    — ᠴᠢ ᠰᠠᠶᠢ ᠠᠩᠵᠠᠭᠠᠷᠠᠪᠠ ᠤᠤ ᠭᠡᠵᠦ ᠠᠰᠠᠭᠤᠯ᠎ᠠ᠃ ᠶᠠᠭᠤ ᠠᠩᠵᠠᠭᠠᠷᠠᠬᠤ ᠶᠣᠰᠣᠲᠠᠢ ᠪᠠᠢᠭᠰᠠᠨ ᠢ᠋ᠶ᠋ᠠᠨ ᠰᠠᠢᠨ ᠣᠢᠯᠠᠭᠠᠭ᠎ᠠ ᠦᠭᠡᠢ ᠠᠵᠢᠨ ᠬᠠᠲᠤᠨ ᠤ᠋ ᠥᠭᠡᠳᠡ ᠡᠴᠡ ᠭᠠᠢᠬᠠᠨ ᠬᠠᠷᠠᠬᠤ ᠳ᠋ᠤ᠌᠂
    — ᠡᠨᠡ ᠬᠠᠵᠠᠭᠤ ᠳ᠋ᠤᠨᠢ ᠶᠠᠪᠤᠭ᠎ᠠ ᠬᠥᠮᠦᠨ ᠬᠠᠷᠠᠪᠠᠰᠤ ᠨᠠᠰᠤ ᠵᠠᠯᠠᠭᠤ᠂ ᠬᠤᠳᠠᠯ ᠬᠡᠯᠡᠵᠦ ᠰᠤᠷᠤᠭ᠎ᠠ ᠦᠭᠡᠢ ᠪᠣᠯᠤᠯᠲᠠᠢ᠂ ᠰᠠᠢᠨ ᠬᠥᠮᠦᠨ ᠪᠣᠯᠪᠠᠴᠤ ᠮᠠᠭᠤ ᠳ᠋ᠤ᠌ ᠬᠥᠲᠥᠯᠦᠭᠳᠡᠭᠰᠡᠨ ᠶᠠᠪᠤᠨ᠎ᠠ᠃ ᠮᠠᠭᠤ ᠬᠥᠮᠦᠨ ᠰᠠᠢᠨ ᠢ᠋ ᠳᠠᠭᠠᠪᠠᠯ ᠮᠠᠭᠤ ᠬᠡᠪ ᠢ᠋ᠶ᠋ᠡᠷ ᠢ᠋ᠶ᠋ᠡᠨ ᠦᠯᠡᠳᠡᠨ᠎ᠡ᠃ ᠰᠠᠢᠨ ᠬᠥᠮᠦᠨ ᠮᠠᠭᠤ ᠶ᠋ᠢ ᠳᠠᠭᠠᠪᠠᠯ ᠮᠠᠭᠤ ᠪᠣᠯᠤᠨ ᠬᠤᠪᠢᠷᠠᠨ᠎ᠠ᠃ ᠮᠠᠭᠤ ᠵᠦᠢᠯ ᠥᠪᠡᠷ ᠢ᠋ᠶ᠋ᠡᠨ ᠠᠶᠤᠮᠰᠢᠭ ᠲᠠᠢ᠃ ᠡᠨᠡ ᠬᠥᠮᠦᠨ ᠢ᠋ ᠠᠪᠲᠤᠯ ᠷᠠᠬᠠᠨᠮᠠᠨ ᠤ᠋ ᠭᠠᠷ ᠠ᠋ᠴᠠ ᠰᠠᠯᠭᠠᠬᠤ ᠬᠡᠷᠡᠭ ᠲᠡᠢ ᠰᠠᠨᠠᠭᠳᠠᠨ᠎ᠠ᠃ ᠡᠨᠡ ᠠᠪᠲᠤᠯ ᠷᠠᠬᠠᠨᠮᠠᠨ ᠢ᠋ ᠬᠠᠷᠠᠪᠠᠰᠤ ᠵᠠᠯᠢᠵᠢᠨ ᠡᠷ᠎ᠡ ᠪᠣᠯᠤᠯᠲᠠᠢ᠃ ᠮᠠᠭᠠᠳ ᠨᠠᠳᠠ ᠳ᠋ᠤ᠌ ᠨᠢᠭᠡᠨ ᠦᠰ ᠰᠠᠨᠠᠨ ᠭᠠᠷᠬᠤ ᠰᠢᠭ᠋ ᠪᠣᠯᠤᠯ᠎ᠠ᠃ ᠥᠨᠥᠳᠥᠷ ᠪᠢ ᠡᠰᠡ ᠵᠥᠪᠰᠢᠶᠡᠷᠡᠯ᠎ᠡ ᠴᠦ᠍ ᠳᠠᠷᠠᠭ᠎ᠠ ᠨᠢᠭᠡ ᠡᠳᠦᠷ ᠨᠠᠳᠠ ᠲᠠᠢ ᠡᠩ ᠲᠡᠩᠴᠡᠬᠦ ᠡᠷᠬᠡ ᠮᠡᠳᠡᠯᠲᠡᠨ ᠤᠷᠤᠭᠤ ᠣᠴᠢᠬᠤ ᠨᠢ ᠯᠠᠪ᠃ ᠲᠡᠷᠡ ᠬᠥᠮᠦᠨ ᠬᠡᠨ ᠪᠠᠢᠬᠤ ᠪᠣᠢ ᠭᠡᠳ ᠰᠤᠷᠬᠠᠭᠲᠠᠨᠢ ᠪᠣᠳᠣᠯᠭᠠᠰᠢᠷᠠᠨ ᠰᠠᠭᠤᠪᠠ᠃
    ᠰᠦᠮ᠎ᠡ ᠬᠡᠢᠳ ᠦ᠋ᠳ ᠡᠴᠡ ᠠᠪᠳᠠᠭ ᠪᠠᠢᠭᠰᠠᠨ ᠲᠠᠲᠠᠪᠤᠷᠢ ᠶ᠋ᠢᠨ ᠬᠡᠮᠵᠢᠶ᠎ᠡ᠂ ᠬᠤᠳᠠᠯᠳᠤᠭᠠᠴᠢᠳ ᠲᠤ᠌ ᠥᠭᠳᠡᠭ ᠪᠠᠢᠭᠰᠠᠨ ᠱᠠᠩ ᠬᠠᠷᠠᠮᠵᠢ ᠶ᠋ᠢᠨ ᠬᠠᠮᠢᠭ᠎ᠠ ᠨᠢ ᠴᠦ᠍ ᠬᠦᠷᠬᠦ ᠦᠭᠡᠢ ᠥᠴᠦᠬᠡᠨ ᠪᠠᠢᠵᠠᠢ᠃ ᠬᠠᠷᠠᠬᠣᠷᠣᠮ ᠳ᠋ᠤ᠌ ᠡᠭᠦᠷ ᠢ᠋ᠶ᠋ᠡᠨ ᠵᠠᠰᠠᠭᠰᠠᠨ ᠢᠰᠯᠠᠮ ᠱᠠᠰᠢᠨᠲᠤ ᠮᠠᠢᠮᠠᠢᠴᠢᠳ ᠬᠠᠭᠠᠨ ᠡᠵᠡᠨ ᠦ᠌ ᠭᠠᠷᠭᠠᠭᠰᠠᠨ ᠰᠢᠢᠳᠪᠦᠷᠢ ᠳ᠋ᠦ᠍ ᠰᠡᠳᠬᠢᠯ ᠠᠮᠤᠷᠯᠢᠨ ᠬᠥᠷᠥᠩᠭᠡ ᠪᠡᠨ ᠵᠤᠵᠠᠭᠠᠳᠬᠠᠵᠤ ᠪᠠᠢᠭᠰᠠᠨ ᠨᠢ ᠲᠠᠯᠠᠭᠠᠷ ᠪᠣᠯᠤᠭᠰᠠᠨ ᠲᠤᠯᠠ ᠪᠠᠷᠤᠢᠨ ᠰᠠᠭᠤᠬᠤ ᠪᠣᠯᠤᠯ᠎ᠠ᠃
       ᠬᠤᠳᠠᠯᠳᠤᠭᠠᠴᠢᠳ ᠢ᠋ ᠭᠠᠷᠤᠭᠰᠠᠨ ᠤ᠋ ᠳᠠᠷᠠᠭ᠎ᠠ  ᠰᠤᠷᠬᠠᠭᠲᠠᠨᠢ ᠬᠥᠭᠵᠢᠮᠴᠢᠳ ᠢ᠋ ᠳᠠᠬᠢᠨ ᠲᠣᠭᠯᠠᠬᠤ ᠶ᠋ᠢ ᠬᠦᠰᠡᠭᠡᠳ ᠲᠤᠬᠠᠯᠠᠨ ᠰᠠᠭᠤᠪᠠ᠃ ᠲᠠᠯ᠎ᠠ ᠨᠤᠲᠤᠭ ᠤ᠋ᠨ ᠨᠡᠢᠰᠯᠡᠯ ᠬᠠᠷᠠᠬᠣᠷᠣᠮ ᠤ᠋ᠨ ᠬᠠᠵᠠᠭᠤ ᠪᠠᠷ ᠤᠷᠤᠰᠬᠤ ᠣᠷᠬᠣᠨ ᠭᠣᠣᠯ ᠤ᠋ᠨ ᠡᠷᠭᠢ ᠪᠡᠷ ᠤᠶᠠᠩᠭᠠᠲᠤ ᠰᠠᠢᠬᠠᠨ ᠬᠥᠭᠵᠢᠮ ᠡᠭᠡᠰᠢᠭᠯᠡᠨ᠎ᠡ᠃
    ᠴᠠᠭ ᠬᠤᠭᠤᠴᠠᠭ᠎ᠠ ᠡᠳᠦᠷ ᠡᠳᠦᠷ ᠢ᠋ᠶ᠋ᠡᠷ ᠠᠯᠤᠰᠯᠠᠵᠤ᠂ ᠥᠩᠭᠡᠷᠡᠵᠦ ᠣᠳᠤᠭᠰᠠᠨ ᠪᠦᠬᠦᠨ ᠲᠡᠦᠬᠡ ᠪᠣᠯᠤᠨ ᠦᠯᠡᠳᠡᠬᠦ ᠳ᠋ᠦ᠍ ᠰᠤᠷᠬᠠᠭᠲᠠᠨᠢ ᠬᠠᠲᠤᠨ ᠤ᠋ ᠳᠥᠷᠪᠡᠨ ᠬᠦᠦ ᠨᠢᠭᠡ ᠥᠬᠢᠨ ᠨᠢ ᠥᠰᠴᠦ ᠲᠣᠮᠣ ᠪᠣᠯᠤᠭᠰᠠᠭᠠᠷ᠂ ᠨᠢᠭᠡ ᠨᠢᠭᠡ ᠪᠡᠷ ᠡᠷ᠎ᠡ ᠶ᠋ᠢᠨ ᠴᠡᠭᠡᠯ ᠳ᠋ᠦ᠍ ᠬᠦᠷᠴᠦ ᠪᠠᠢᠯ᠎ᠠ᠃ ᠰᠤᠷᠬᠠᠭᠲᠠᠨᠢ ᠬᠠᠲᠤᠨ ᠬᠠᠷᠠᠬᠣᠷᠣᠮ ᠳ᠋ᠤ᠌ ᠢᠷᠡᠭᠰᠡᠨ ᠳᠠᠷᠤᠢ ᠳ᠋ᠠᠭᠠᠨ ᠬᠣᠷᠧᠽᠮ ᠡᠴᠡ ᠤᠷᠢᠨ ᠠᠪᠴᠤ ᠢᠷᠡᠭᠰᠡᠨ ᠡᠷᠳᠡᠮᠲᠡᠨ ᠢᠹᠲ᠋ᠢᠬᠠᠷ ᠠᠳ᠋ ᠳ᠋ᠢᠨ ᠢ᠋ᠶ᠋ᠡᠷ ᠮᠥᠩᠬᠡ ᠬᠦᠦ ᠳ᠋ᠡᠭᠡᠨ ᠠᠷᠠᠪ᠂ ᠫᠧᠷᠰ ᠬᠡᠯᠡ ᠪᠡᠷ ᠵᠣᠬᠢᠶᠠᠭᠳᠠᠭᠰᠠᠨ ᠨᠣᠮ ᠢ᠋ᠶ᠋ᠠᠷ ᠭᠦᠨ ᠤᠬᠠᠭᠠᠨ᠂ ᠬᠡᠮᠵᠢᠯ ᠵᠦᠢ ᠶ᠋ᠢᠨ ᠮᠡᠳᠡᠯᠭᠡ ᠶ᠋ᠢ ᠡᠵᠡᠮᠰᠢᠭᠦᠯᠵᠦ᠂ ᠲᠠᠯ᠎ᠠ ᠨᠤᠲᠤᠭ ᠤ᠋ᠨ ᠡᠷᠡᠯᠬᠡᠭ ᠪᠠᠭᠠᠲᠤᠷ ᠤ᠋ᠳ ᠢ᠋ᠶ᠋ᠠᠷ ᠴᠡᠷᠢᠭ ᠦ᠋ᠨ ᠡᠷᠳᠡᠮ ᠵᠢᠭᠠᠯᠭᠠᠨ᠂ ᠪᠡᠶ᠎ᠡ᠂ ᠬᠡᠯᠡ᠂ ᠰᠡᠳᠬᠢᠯ ᠭᠤᠷᠪᠠ ᠨᠢ ᠵᠢᠭᠳᠡᠷᠡᠨ ᠢᠷᠡᠬᠦ ᠶ᠋ᠢᠨ ᠴᠠᠭ ᠲᠤ᠌ ᠳᠣᠯᠣᠭᠠᠨ ᠳ᠋ᠤ᠌ ᠮᠣᠷᠳᠠᠭᠤᠯᠤᠭᠰᠠᠨ ᠪᠠᠢᠪᠠ᠃ ᠥᠨᠥ ᠠᠭᠤᠷᠠᠭ ᠢ᠋ ᠵᠠᠰᠠᠵᠤ ᠪᠣᠢ ᠤᠳᠠᠭᠠᠬᠢ ᠬᠦᠦ ᠬᠤᠪᠢᠯᠠᠢ ᠳ᠋ᠠᠭᠠᠨ ᠺᠦᠩᠽᠢ᠂ ᠪᠣᠮᠪᠣ ᠶ᠋ᠢᠨ ᠰᠤᠷᠲᠠᠯ ᠢ᠋ ᠲᠠᠨᠢᠭᠤᠯᠤᠨ᠂ ᠬᠦᠯᠡᠬᠦ᠂ ᠠᠷᠢᠭᠪᠥ᠋ᠬᠡ ᠨᠠᠷ ᠢ᠋ ᠴᠦ᠍ ᠪᠢᠴᠢᠭ ᠦᠰᠦᠭ ᠨᠣᠮ ᠡᠷᠳᠡᠮ ᠳ᠋ᠦ᠍ ᠰᠢᠮᠳᠠᠭᠤᠯᠵᠤ ᠪᠠᠢᠯ᠎ᠠ᠃ ᠬᠠᠷᠠᠬᠣᠷᠣᠮ ᠳ᠋ᠤ᠌ ᠪᠠᠢᠬᠤ ᠳ᠋ᠠᠭᠠᠨ ᠬᠠᠲᠤᠨ ᠪᠠᠰᠠ ᠨᠢᠭᠡᠨ ᠠᠵᠢᠯ ᠬᠢᠭᠰᠡᠨ ᠨᠢ ᠳ᠋ᠠᠲ᠋ᠣᠢᠩ ᠤ᠋ᠨ ᠬᠤᠸᠠ ᠶᠠᠨ ᠰᠧ ᠰᠦᠮ᠎ᠡ ᠶ᠋ᠢᠨ ᠬᠤᠸᠠᠷᠠᠭ ᠬᠠᠢ ᠶᠦᠨ ᠢ᠋ ᠤᠷᠢᠨ ᠠᠪᠴᠤ ᠢᠷᠡᠭᠦᠯᠵᠦ᠂ ᠥᠬᠢᠨ ᠲᠡᠮᠡᠣᠬᠡᠨ ᠪᠡᠬᠢ ᠳ᠋ᠡᠭᠡᠨ ᠨᠣᠮ ᠵᠢᠭᠠᠯᠭᠠᠵᠤ ᠡᠬᠢᠯᠡᠭᠦᠯᠦᠯ᠎ᠡ᠃ ᠲᠡᠭᠦᠨ ᠦ᠌ ᠬᠡᠦᠬᠡᠳ ᠦ᠋ᠳ ᠪᠠᠯᠴᠢᠷ ᠨᠠᠰᠤᠨ ᠳ᠋ᠠᠭᠠᠨ ᠡᠷᠬᠡᠯᠡᠵᠦ ᠲᠣᠭᠯᠠᠬᠤ ᠵᠠᠪ ᠦᠭᠡᠢ ᠪᠠᠢᠯ᠎ᠠ᠃ ᠰᠤᠷᠬᠠᠭᠲᠠᠨᠢ ᠬᠠᠲᠤᠨ ᠬᠡᠦᠬᠡᠳ ᠦ᠋ᠳ ᠢ᠋ᠶ᠋ᠡᠨ ᠰᠤᠷᠭᠠᠮᠵᠢᠯᠠᠨ ᠬᠡᠯᠡᠬᠦ ᠳ᠋ᠡᠭᠡᠨ《ᠤᠬᠠᠭᠠᠷᠠᠬᠤ ᠬᠣᠶᠠᠷ ᠵᠠᠮ ᠪᠠᠢᠳᠠᠭ》 ᠭᠡᠵᠦ ᠲᠠᠩᠳᠠ ᠬᠡᠯᠡᠨ᠎ᠡ᠃ ᠵᠠᠷᠢᠮ ᠬᠥᠮᠦᠨ ᠥᠪᠡᠷ ᠦ᠋ᠨ ᠪᠡᠶ᠎ᠡ ᠪᠡᠷ ᠠᠯᠳᠠᠵᠤ ᠪᠠᠢᠵᠤ ᠤᠬᠠᠭᠠᠷᠠᠳᠠᠭ ᠪᠣᠯ᠂ ᠵᠠᠷᠢᠮ ᠬᠥᠮᠦᠨ ᠠᠯᠳᠠᠬᠤ ᠠ᠋ᠴᠠ ᠪᠠᠨ ᠬᠢᠬᠦ ᠭᠡᠵᠦ ᠪᠠᠢᠭ᠎ᠠ ᠵᠦᠢᠯ ᠢ᠋ᠶ᠋ᠡᠨ ᠤᠷᠢᠳᠴᠢᠯᠠᠨ ᠬᠠᠷᠠᠵᠤ ᠣᠢᠯᠠᠭᠠᠳᠠᠭ᠃ ᠬᠠᠷᠢᠨ ᠠᠯᠳᠠᠬᠤ ᠠ᠋ᠴᠠ ᠪᠠᠨ ᠡᠮᠦᠨ᠎ᠡ ᠣᠢᠯᠠᠭᠠᠬᠤ ᠠᠷᠭ᠎ᠠ ᠪᠣᠯ ᠨᠣᠮ᠂ ᠤᠴᠢᠷ ᠨᠢ ᠬᠣᠷᠸ᠎ᠠ ᠶ᠋ᠢᠨ ᠠᠮᠢᠳᠤᠷᠠᠯ ᠪᠦᠬᠦᠯᠢ ᠳ᠋ᠡᠭᠡᠨ ᠨᠣᠮ ᠳ᠋ᠤ᠌ ᠰᠢᠩᠭᠡᠭᠰᠡᠨ ᠪᠠᠢᠳᠠᠭ᠃ ᠣᠯᠠᠨ ᠮᠢᠩᠭᠠᠨ ᠵᠢᠯ ᠦ᠋ᠨ ᠲᠤᠷᠰᠢᠳᠠ ᠠᠮᠢᠳᠤᠷᠠᠵᠤ ᠢᠷᠡᠭᠰᠡᠨ ᠬᠥᠮᠦᠰ ᠦ᠋ᠨ ᠠᠯᠳᠠᠭ᠎ᠠ ᠤᠨᠤᠭ᠎ᠠ᠂ ᠤᠬᠠᠭᠠᠨ ᠪᠢᠯᠢᠭ ᠵᠥᠪᠬᠡᠨ ᠨᠣᠮ ᠳ᠋ᠤ᠌ ᠪᠠᠢᠳᠠᠭ ᠲᠤᠯᠠ ᠲᠡᠭᠦᠨ ᠢ᠋ ᠬᠢᠴᠢᠶᠡᠩᠭᠦᠢᠯᠡᠨ ᠰᠤᠷᠬᠤ ᠬᠡᠷᠡᠭᠲᠡᠢ ᠭᠡᠵᠦ ᠵᠠᠬᠢᠨ᠎ᠠ᠃ ᠨᠢᠭᠡᠨᠲᠡ ᠲᠤᠯᠤᠢ ᠡᠵᠡᠨ ᠥᠭᠡᠳᠡ ᠪᠣᠯᠵᠤ᠂ ᠰᠤᠷᠬᠠᠭᠲᠠᠨᠢ ᠬᠠᠲᠤᠨ ᠲᠡᠳᠡᠨ ᠳ᠋ᠦ᠍ ᠡᠴᠢᠭᠡ ᠶ᠋ᠢᠨ ᠣᠷᠣᠨ ᠳ᠋ᠤ᠌ ᠡᠴᠢᠭᠡ ᠪᠣᠯᠤᠨ ᠦᠯᠡᠳᠡᠭᠰᠡᠨ ᠦ᠌ ᠬᠤᠪᠢ ᠳ᠋ᠤ᠌᠂ ᠥᠷᠯᠥᠭ ᠨᠢᠩᠵᠢᠨ ᠰᠡᠳᠬᠢᠯ ᠬᠠᠲᠠᠭᠤ ᠴᠢᠩᠭ᠎ᠠ ᠰᠢᠯᠭᠠᠭᠤᠷᠢ ᠠᠯᠢ ᠠᠯᠢ ᠶ᠋ᠢ ᠨᠢ ᠲᠡᠳᠡᠨ ᠦ᠌ ᠡᠮᠦᠨ᠎ᠡ ᠲᠠᠯᠪᠢᠨ᠎ᠠ᠃ ᠲᠤᠯᠤᠢ ᠡᠴᠢᠭᠡ ᠨᠢ ᠠᠮᠢᠳᠤ ᠰᠡᠷᠡᠭᠦᠨ ᠪᠠᠢᠭᠰᠠᠨ ᠪᠣᠯ ᠬᠡᠦᠬᠡᠳ ᠦ᠋ᠳ ᠨᠢ ᠬᠡᠨ ᠪᠣᠯᠤᠨ ᠥᠰᠦᠭᠰᠡᠨ ᠪᠠᠢᠬᠤ ᠪᠣᠢ᠂ ᠬᠠᠮᠢᠭ᠎ᠠ ᠬᠦᠷᠲᠡᠯ᠎ᠡ ᠶᠠᠪᠤᠬᠤ ᠪᠣᠢ ᠭᠡᠳᠡᠭ ᠢ᠋ ᠡᠷᠭᠢᠴᠡᠭᠦᠯᠦᠨ ᠪᠣᠳᠣᠵᠤ᠂ ᠲᠡᠳᠡᠨ ᠦ᠌ ᠲᠥᠯᠥᠭᠡ ᠡᠷ᠎ᠡ ᠨᠥᠬᠥᠷ ᠦ᠋ᠨ ᠢ᠋ᠶ᠋ᠡᠨ ᠬᠢᠬᠦ ᠪᠠᠢᠭᠰᠠᠨ ᠪᠦᠬᠦᠨ ᠢ᠋ ᠬᠢᠬᠦ ᠶᠣᠰᠣᠲᠠᠢ ᠪᠠᠨ ᠣᠢᠯᠭᠠᠭᠰᠠᠨ ᠪᠠᠢᠪᠠ᠃
        ᠲᠦᠩ ᠡᠪᠦᠯ ᠦ᠋ᠨ ᠲᠠᠴᠢᠭᠢᠨᠠᠭᠰᠠᠨ ᠬᠦᠢᠲᠡᠨ ᠰᠠᠶᠢ ᠨᠢᠭᠡ ᠨᠠᠮᠳᠠᠵᠤ ᠮᠣᠩᠭᠣᠯ ᠤ᠋ᠨ ᠲᠠᠯ᠎ᠠ ᠨᠤᠲᠤᠭ ᠲᠤ ᠬᠥᠮᠦᠨ ᠮᠠᠯ ᠦᠭᠡᠢ ᠨᠢᠷᠤᠭᠤ ᠲᠡᠨᠢᠢᠨ ᠪᠠᠶᠠᠷᠯᠠᠬᠤ ᠬᠠᠪᠤᠷ ᠤ᠋ᠨ ᠲᠡᠷᠢᠭᠦᠨ ᠰᠠᠷ᠎ᠠ ᠠᠢᠯᠴᠢᠯᠠᠨ ᠢᠷᠡᠵᠡᠢ᠃ ᠰᠣᠷᠬᠠᠭᠲᠠᠨᠢ ᠬᠠᠲᠤᠨ ᠬᠠᠷᠠᠬᠣᠷᠣᠮ ᠤ᠋ᠨ ᠬᠡᠷᠡᠮ ᠦ᠋ᠨ ᠴᠢᠯᠠᠭᠤᠨ ᠤ᠋ ᠳᠥᠷᠪᠡᠨ ᠬᠠᠭᠠᠯᠭᠠᠨ ᠳᠡᠭᠡᠷ᠎ᠡ ᠬᠡᠰᠢᠭ ᠬᠦᠯᠢᠶᠡᠵᠦ ᠪᠠᠢᠳᠠᠭ ᠶᠠᠳᠠᠭᠤᠰ ᠲᠤ ᠥᠭᠯᠢᠭᠡ ᠲᠠᠷᠬᠠᠭᠠᠬᠤ ᠪᠠᠷ ᠥᠪᠡᠷ ᠦ᠋ᠨ ᠠᠯᠪᠠᠲᠤ ᠨᠤᠭᠤᠳ ᠢ᠋ ᠠᠵᠢᠨ ᠤ᠋ ᠬᠠᠮᠲᠤ ᠳᠠᠭᠠᠭᠤᠯᠤᠨ ᠭᠠᠷᠪᠠ᠃ ᠰᠣᠷᠬᠠᠭᠲᠠᠨᠢ ᠬᠠᠲᠤᠨ ᠤ᠋ ᠰᠡᠦᠬᠡ᠂ ᠪᠠᠷ᠎ᠠ ᠪᠣᠯᠤᠭᠴᠢᠳ᠂ ᠵᠠᠮ ᠲᠠᠯᠪᠢᠭᠴᠢᠳ ᠭᠡᠳ ᠣᠯᠠᠨ ᠠᠯᠪᠠᠲᠤ ᠨᠤᠭᠤᠳ ᠠᠯᠤᠰ ᠠ᠋ᠴᠠ ᠴᠤ᠌ ᠰᠦᠷ ᠪᠠᠷ᠎ᠠ ᠲᠠᠢ᠃
    — ᠬᠠᠲᠤᠨᠲᠠᠨ ᠵᠠᠯᠠᠷᠠᠵᠤ ᠪᠠᠢᠨ᠎ᠠ ᠭᠡᠰᠡᠨ ᠬᠡᠯᠡ ᠬᠠᠷᠠᠬᠣᠷᠣᠮ ᠤ᠋ᠨ ᠴᠢᠯᠠᠭᠤᠨ ᠬᠠᠨ᠎ᠠ ᠶ᠋ᠢ ᠴᠤᠤᠷᠢᠶᠠᠲᠤᠭᠤᠯᠤᠨ ᠰᠣᠨᠤᠰᠲᠠᠭᠳᠠᠬᠤ ᠳ᠋ᠤ᠌ ᠳᠥᠷᠪᠡᠨ ᠵᠦᠭ ᠨᠠᠢ᠍ᠮᠠᠨ ᠵᠣᠪᠬᠢᠰ ᠠ᠋ᠴᠠ ᠠᠪᠤᠷᠠᠯ ᠡᠷᠢᠨ ᠢᠷᠡᠭᠰᠡᠨ ᠮᠥᠷᠭᠥᠯᠴᠢᠳ᠂ ᠶᠠᠳᠠᠭᠤᠰ ᠡᠨᠡ ᠴᠢᠮᠡᠭᠡ ᠶ᠋ᠢ ᠰᠣᠨᠣᠰᠤᠨ ᠨᠢᠭᠡᠨ ᠳᠣᠣᠷ᠎ᠠ ᠴᠤᠭᠯᠠᠷᠠᠯ᠎ᠠ᠃ ᠰᠤᠷᠬᠠᠭᠲᠠᠨᠢ ᠬᠠᠲᠤᠨ ᠪᠠᠷ᠎ᠠ ᠪᠣᠯᠣᠭᠰᠠᠳ ᠤ᠋ᠨ ᠢ᠋ᠶ᠋ᠠᠨ ᠬᠠᠮᠲᠤ ᠲᠡᠳᠡᠨ ᠦ᠌ ᠵᠦᠭ ᠬᠦᠷᠴᠦ ᠣᠴᠢᠪᠠ᠃ ᠲᠡᠷᠡ ᠪᠡᠷ ᠰᠡᠦᠬᠡᠨ ᠡᠴᠡ ᠪᠡᠨ ᠪᠠᠭᠤᠨ ᠶᠠᠳᠠᠭᠤᠰ ᠢ᠋ ᠬᠠᠷᠠᠨ ᠵᠣᠭᠰᠣᠬᠤ ᠵᠠᠭᠤᠷ᠎ᠠ《ᠭᠣᠶᠣᠯᠭ᠎ᠠ ᠭᠤᠶᠤᠨ ᠵᠣᠭᠰᠣᠵᠤ ᠪᠠᠢᠭ᠎ᠠ ᠬᠥᠮᠦᠰ ᠲᠦ᠍ ᠥᠭᠯᠢᠭᠡ ᠬᠦᠷᠲᠡᠭᠡᠬᠦ ᠨᠢ ᠬᠠᠲᠤᠨ ᠤ᠋ ᠬᠡᠰᠢᠭ ᠪᠢᠰᠢ᠂ ᠲᠡᠳᠡᠨ ᠳ᠋ᠦ᠍ ᠬᠢᠬᠦ ᠠᠵᠢᠯ ᠳᠠᠭᠠᠭᠠᠯᠭᠠᠨ ᠥᠭᠴᠦ᠂ ᠠᠮᠢᠨ ᠵᠢᠭᠤᠯᠭ᠎ᠠ ᠶ᠋ᠢ ᠨᠢ ᠵᠠᠯᠭᠠᠭᠤᠯᠬᠤ ᠨᠢ ᠬᠠᠲᠤᠨ ᠤ᠋ ᠬᠡᠰᠢᠭ ᠶᠦᠮ》 ᠭᠡᠮᠡᠨ ᠪᠣᠳᠣᠪᠠ᠃ ᠬᠠᠲᠤᠨᠲᠠᠨ ᠥᠪᠡᠷ ᠦ᠋ᠨ ᠰᠠᠩ ᠠ᠋ᠴᠠ ᠠᠪᠴᠤ ᠢᠷᠡᠭᠦᠯᠦᠭᠰᠡᠨ ᠥᠭᠯᠢᠭᠡ ᠲᠡᠷᠢᠭᠦᠲᠡᠨ ᠢ᠋ ᠲᠠᠷᠬᠠᠭᠠᠨ ᠥᠭᠭᠦᠭᠦᠯᠪᠡ᠃ ᠡᠷᠭᠢᠨ ᠲᠣᠭᠣᠷᠢᠨ ᠵᠣᠭᠰᠣᠭᠰᠠᠨ ᠭᠤᠶᠤᠯᠭᠠᠴᠢᠳ ᠠ᠋ᠴᠠ ᠪᠣᠯᠭᠣᠮᠵᠢᠯᠠᠨ ᠬᠠᠲᠤᠨ ᠤ᠋ ᠠᠯᠪᠠᠲᠤ ᠨᠤᠭᠤᠳ ᠲᠡᠳᠡᠨ ᠢ᠋ ᠡᠮᠬᠢ ᠵᠢᠷᠤᠮ ᠲᠠᠢ ᠪᠠᠢᠬᠤ ᠶ᠋ᠢ ᠱᠠᠭᠠᠷᠳᠠᠨ᠎ᠠ᠃ ᠲᠡᠳᠡᠨ ᠦ᠌ ᠳᠤᠮᠳᠠ ᠨᠣᠣᠷᠠᠩᠬᠠᠢ ᠬᠤᠪᠴᠠᠰᠤ ᠡᠮᠦᠰᠴᠦ᠂ ᠳᠤᠬᠤᠨ ᠳ᠋ᠤᠨᠢ ᠭᠦᠨ ᠦᠷᠴᠢᠯᠡᠭᠡᠰᠦ ᠰᠠᠭᠤᠭᠰᠠᠨ ᠨᠢᠭᠡᠨ ᠡᠮᠡᠭᠡᠨ ᠬᠠᠲᠤᠨ ᠳ᠋ᠤ᠌ ᠬᠠᠨᠳᠤᠨ ᠠᠯᠤᠰ ᠠ᠋ᠴᠠ᠂
    — ᠬᠠᠲᠤᠨᠲᠠᠨ ᠮᠢᠨᠢ᠂ ᠠᠪᠤᠷᠠᠯ ᠨᠢᠭᠦᠯᠡᠰᠦᠯ ᠴᠢᠨᠢ ᠳᠠᠯᠠᠢ ᠪᠣᠯᠵᠤ᠂ ᠠᠴᠢᠯᠠᠯ ᠡᠨᠡᠷᠢᠯ ᠴᠢᠨᠢ ᠪᠤᠶᠠᠨ ᠪᠣᠯᠤᠭ ᠭᠡᠮᠡᠨ ᠬᠡᠯᠡᠵᠦ ᠪᠠᠢᠭ᠎ᠠ ᠰᠣᠨᠣᠰᠤᠭᠳᠠᠨ᠎ᠠ᠃ ᠬᠠᠲᠤᠨ ᠤ᠋ ᠬᠠᠵᠠᠭᠤ ᠳ᠋ᠤ᠌ ᠵᠣᠭᠰᠣᠵᠤ ᠪᠠᠢᠭᠰᠠᠨ ᠠᠵᠢᠨ᠂
    —ᠨᠠᠮᠠᠶ᠋ᠢ ᠵᠢᠭᠠᠬᠠᠨ ᠪᠠᠢᠬᠤ ᠠ᠋ᠴᠠ ᠯᠠ ᠲᠠ ᠶᠠᠳᠠᠭᠤᠰ ᠲᠤ ᠥᠭᠯᠢᠭᠡ ᠥᠭᠭᠦᠭᠰᠡᠭᠡᠷ ᠢᠷᠡᠭᠰᠡᠨ᠃ ᠣᠳᠣ ᠲᠥᠷᠥ ᠶ᠋ᠢ ᠵᠠᠰᠠᠵᠤ ᠰᠠᠭᠤᠭ᠎ᠠ ᠬᠠᠲᠤᠨ ᠡᠬᠡ ᠪᠣᠯᠤᠭᠰᠠᠨ ᠴᠤ᠌ ᠡᠨᠡ ᠬᠡᠪ ᠢ᠋ᠶ᠋ᠡᠷ ᠢ᠋ᠶ᠋ᠡᠨ ᠪᠤᠶᠠᠨ ᠬᠢᠵᠦ ᠪᠠᠢᠭ᠎ᠠ ᠨᠢ ᠪᠠᠬᠠᠳᠤᠯ ᠲᠠᠢ ᠰᠠᠨᠠᠭᠳᠠᠵᠤ ᠪᠠᠢᠨ᠎ᠠ ᠭᠡᠬᠦ ᠳ᠋ᠦ᠍᠂
    —ᠪᠤᠶᠠᠨ ᠭᠡᠳᠡᠭ ᠨᠢ ᠪᠠᠷᠠᠵᠤ ᠪᠣᠯᠳᠠᠭ᠂ ᠬᠤᠷᠢᠶᠠᠵᠤ ᠪᠣᠯᠳᠠᠭ ᠵᠦᠢᠯ ᠶᠦᠮ᠃ ᠲᠡᠢᠮᠦ ᠡᠴᠡ ᠲᠡᠭᠦᠨ ᠢ᠋ ᠪᠠᠷᠠᠵᠤ ᠠᠮᠢᠳᠤᠷᠠᠳᠠᠭ ᠬᠡᠨ ᠪᠦᠬᠦᠨ ᠡᠨᠡ ᠮᠡᠲᠦᠴᠢᠯᠡᠨ ᠪᠤᠶᠠᠨ ᠦᠢᠯᠡᠳᠴᠦ ᠳᠠᠬᠢᠨ ᠬᠤᠷᠢᠶᠠᠵᠤ ᠪᠠᠢᠬᠤ ᠶᠣᠰᠣᠲᠠᠢ ᠪᠤᠰᠤ ᠤᠤ ᠬᠡᠮᠡᠪᠡ᠃
       ᠲᠡᠷᠡ ᠪᠡᠷ ᠨᠢᠭᠡ ᠶ᠋ᠢ ᠰᠠᠨᠠᠪᠠ ᠪᠣᠯᠤᠯᠲᠠᠢ᠂
      —ᠨᠢᠭᠡᠨ ᠴᠠᠭ ᠲᠤ ᠴᠢᠩᠭᠢᠰ ᠬᠠᠭᠠᠨ《ᠪᠤᠰᠤᠳ ᠤ᠋ᠨ ᠪᠡᠶ᠎ᠡ ᠶ᠋ᠢ ᠬᠤᠷᠢᠶᠠᠬᠤ ᠪᠠᠷ᠂ ᠰᠡᠳᠬᠢᠯ ᠢ᠋ ᠬᠤᠷᠢᠶᠠ᠂ ᠰᠡᠳᠬᠢᠯ ᠢ᠋ ᠬᠤᠷᠢᠶᠠᠭᠰᠠᠨ ᠴᠠᠭ ᠲᠤ ᠪᠡᠶ᠎ᠡ ᠨᠢ ᠠᠶᠠᠨᠳᠠᠭᠠᠨ ᠢᠷᠡᠬᠦ ᠪᠤᠰᠤ ᠤᠤ》 ᠭᠡᠵᠦ ᠬᠡᠯᠡᠭᠰᠡᠨ ᠪᠠᠢᠳᠠᠭ᠃ ᠶᠡᠬᠡ ᠬᠠᠭᠠᠨ ᠦᠨᠡᠬᠡᠷ ᠤᠬᠠᠭᠠᠨ ᠲᠠᠢ ᠬᠥᠮᠦᠨ ᠪᠠᠢᠯ᠎ᠠ᠃ ᠰᠡᠳᠬᠢᠯ ᠢ᠋ ᠬᠤᠷᠢᠶᠠᠭᠰᠠᠨ ᠪᠠᠢᠬᠤ ᠳ᠋ᠤ᠌ ᠪᠡᠶ᠎ᠡ ᠨᠢ ᠢᠷᠡᠬᠦ ᠦᠭᠡᠢ ᠬᠠᠮᠢᠭ᠎ᠠ ᠣᠴᠢᠬᠤ ᠪᠣᠢ᠃ ᠦᠷᠭᠦᠯᠵᠢ ᠪᠡᠶ᠎ᠡ ᠪᠡᠨ ᠳᠠᠭᠠᠭᠤᠯᠵᠤ ᠶᠠᠪᠤᠳᠠᠭ ᠵᠦᠢᠯ ᠪᠣᠯ ᠰᠡᠳᠬᠢᠯ ᠪᠠᠢᠳᠠᠭ ᠭᠡᠳᠡᠭ ᠢ᠋ ᠲᠡᠷᠡ ᠬᠥᠮᠦᠨ ᠰᠠᠢᠨ ᠮᠡᠳᠡᠳᠡᠭ ᠪᠠᠢᠵᠠᠢ᠃ ᠠᠯᠢᠪᠠ ᠬᠥᠮᠦᠨ ᠴᠤ᠌ ᠥᠪᠡᠷ ᠦ᠋ᠨ ᠪᠡᠶ᠎ᠡ ᠶ᠋ᠢ ᠵᠠᠰᠠᠬᠤ ᠶ᠋ᠢᠨ ᠲᠤᠯᠠᠳᠠ ᠶᠠᠭᠤᠨ ᠲᠦᠷᠦᠭᠦᠨ ᠰᠡᠳᠬᠢᠯ ᠢ᠋ᠶ᠋ᠡᠨ ᠵᠠᠰᠠᠬᠤ ᠬᠡᠷᠡᠭᠲᠡᠢ᠃ ᠰᠡᠳᠬᠢᠯ ᠢ᠋ᠶ᠋ᠡᠨ ᠵᠠᠰᠠᠭ᠎ᠠ ᠦᠭᠡᠢ ᠬᠥᠮᠦᠨ ᠥᠯᠥᠨ ᠢᠷᠪᠢᠰ ᠮᠡᠲᠦ ᠬᠤᠷᠴᠠ᠂ ᠡᠪᠡᠳᠦᠭᠰᠡᠨ ᠬᠥᠮᠦᠨ ᠮᠡᠲᠦ ᠵᠣᠪᠠᠯᠠᠩ ᠲᠠᠢ ᠪᠠᠢᠬᠤ ᠪᠤᠰᠤ ᠤᠤ ᠭᠡᠪᠡ᠃ ᠬᠠᠲᠤᠨ ᠡᠢᠢᠨ ᠬᠡᠯᠡᠭᠡᠳ ᠠᠯᠪᠠᠲᠤ ᠪᠠᠨ ᠳᠠᠭᠤᠳᠠᠨ᠂
    —ᠶᠡᠬᠡᠰ ᠳᠡᠭᠡᠳᠦᠰ ᠡᠨᠡ ᠮᠡᠲᠦ ᠥᠭᠯᠢᠭᠡ ᠬᠡᠰᠢᠭ ᠲᠠᠷᠬᠠᠭᠠᠬᠤ ᠨᠢ ᠬᠠᠭᠠᠨᠲᠤ ᠲᠥᠷᠥ ᠬᠢᠭᠡᠳ ᠬᠤᠪᠢ ᠬᠥᠮᠦᠨ ᠦ᠌ ᠪᠤᠶᠠᠨ ᠤ᠋ ᠦᠢᠯᠡ᠂ ᠠᠰᠢᠳᠠ ᠶ᠋ᠢᠨ ᠰᠠᠢᠨ ᠰᠠᠢᠬᠠᠨ ᠳ᠋ᠤ᠌ ᠲᠤᠰᠠ ᠲᠠᠢ ᠬᠡᠷᠡᠭ ᠬᠡᠳᠦᠢ ᠴᠦ᠍ ᠨᠢᠭᠡᠨᠲᠡ ᠢᠷᠡᠬᠦ ᠥᠭᠯᠢᠭᠡ ᠬᠡᠰᠢᠭ ᠢ᠋ ᠭᠣᠷᠢᠯᠠᠨ ᠰᠠᠭᠤᠭᠴᠢ ᠬᠡᠨ ᠪᠦᠬᠦᠨ ᠠᠯᠠᠭ᠎ᠠ ᠪᠠᠨ ᠲᠣᠰᠣᠨ ᠤᠭᠲᠤᠵᠤ᠂ ᠠᠮᠠ ᠲᠣᠰᠣᠨ ᠬᠦᠷᠲᠡᠭᠰᠡᠭᠡᠷ ᠪᠡᠶ᠎ᠡ ᠬᠦᠴᠦ ᠥᠬᠡᠢ ᠤᠬᠠᠭᠠᠨ ᠳᠣᠷᠣᠢ ᠪᠣᠯᠬᠤ ᠲᠤᠯᠠ ᠡᠢᠢᠨ ᠥᠭᠯᠢᠭᠡ ᠲᠡᠷᠢᠭᠦᠲᠡᠨ ᠢ᠋ ᠭᠣᠣᠯ ᠪᠣᠯᠭᠠᠯ ᠦᠭᠡᠢ᠂ ᠬᠠᠷᠠᠬᠣᠷᠣᠮ ᠤ᠋ᠨ ᠶᠠᠳᠠᠭᠤᠰ ᠢ᠋ ᠵᠦᠭᠡᠷ ᠰᠠᠭᠤᠨ ᠥᠭᠯᠢᠭᠡ ᠭᠣᠷᠢᠯᠠᠭᠴᠢᠳ ᠪᠣᠯᠭᠠᠬᠤ ᠦᠭᠡᠢ ᠶ᠋ᠢᠨ ᠲᠤᠯᠠ ᠬᠠᠭᠠᠨ ᠤ᠋ ᠡᠵᠡᠮᠰᠢᠯ ᠳ᠋ᠦ᠍ ᠪᠠᠢᠭ᠎ᠠ ᠮᠠᠯ ᠬᠤᠢ ᠶ᠋ᠢ ᠬᠠᠷᠢᠭᠤᠯᠬᠤ᠂ ᠶᠡᠬᠡᠰ ᠳᠡᠭᠡᠳᠦᠰ ᠦ᠋ᠨ ᠬᠠᠷ᠎ᠠ ᠪᠣᠷᠣ ᠠᠵᠢᠯ ᠢ᠋ ᠡᠷᠬᠢᠯᠡᠭᠦᠯᠬᠦ ᠡᠭᠦᠷᠭᠡ ᠶ᠋ᠢ ᠳᠠᠪᠬᠤᠷ ᠣᠯᠭᠣᠨ᠂ ᠠᠵᠢᠯ ᠬᠢᠪᠡᠯ ᠠᠮᠠ ᠲᠣᠰᠣᠳᠠᠨ᠎ᠠ ᠭᠡᠳᠡᠭ ᠦᠭᠡ ᠶ᠋ᠢᠨ ᠦᠨᠡᠨ ᠢ᠋ ᠣᠢᠯᠠᠭᠠᠭᠤᠯ ᠭᠡᠮᠡᠨ ᠵᠠᠷᠯᠢᠭᠳᠠᠯ᠎ᠠ᠃
       ᠡᠨᠡ ᠴᠠᠭ ᠠ᠋ᠴᠠ ᠬᠣᠢᠰᠢ ᠬᠠᠲᠤᠨ ᠤ᠋ ᠵᠠᠷᠯᠢᠭ ᠢ᠋ᠶ᠋ᠠᠷ ᠮᠡᠩᠬᠢᠳ ᠬᠡᠮᠡᠬᠦ ᠨᠢᠭᠡᠨ ᠠᠢᠮᠠᠭ ᠣᠯᠠᠨ ᠪᠠᠢᠭᠤᠯᠤᠭᠳᠠᠵᠤ᠂ ᠬᠠᠷᠠᠬᠣᠷᠣᠮ  ᠤ᠋ᠨ ᠣᠢᠷᠠᠯᠴᠠᠭ᠎ᠠ ᠭᠣᠶᠣᠯᠭ᠎ᠠ ᠭᠤᠶᠤᠨ ᠰᠠᠭᠤᠬᠤ ᠶᠠᠳᠠᠭᠤᠰ ᠢ᠋ ᠨᠢᠭᠡᠳᠬᠡᠨ ᠨᠢᠭᠡ ᠣᠲᠣᠭ ᠪᠣᠯᠭᠠᠵᠤ᠂ ᠮᠠᠯ ᠠᠬᠤᠢ ᠲᠠᠰᠤᠳᠠᠨ ᠥᠭᠴᠦ᠂ ᠲᠤᠰ ᠪᠦᠷᠢ ᠳ᠋ᠦ᠍ᠨᠢ ᠡᠷᠦᠬᠡ ᠲᠤᠰᠠᠭᠠᠷᠯᠠᠭᠤᠯᠤᠯ᠎ᠠ᠃ ᠬᠠᠷᠠᠬᠣᠷᠣᠮ ᠤ᠋ᠨ ᠬᠠᠭᠠᠯᠭᠠᠨ ᠳᠡᠭᠡᠷ᠎ᠡ ᠭᠤᠶᠤᠯᠭᠠᠴᠢᠨ ᠦᠵᠡᠭᠳᠡᠬᠦ ᠦᠭᠡᠢ ᠪᠣᠯᠤᠭᠰᠠᠨ ᠢ᠋ ᠬᠥᠮᠦᠰ ᠡᠬᠢᠨ ᠳ᠋ᠡᠭᠡᠨ ᠠᠩᠵᠠᠭᠠᠷᠠᠭᠰᠠᠨ ᠦᠭᠡᠢ ᠴᠦ᠍ ᠰᠡᠭᠦᠯ ᠰᠡᠭᠦᠯ ᠳ᠋ᠡᠭᠡᠨ ᠭᠠᠢᠬᠠᠵᠠᠭᠠᠯ᠎ᠠ᠃ ᠪᠠᠢᠬᠤ ᠳ᠋ᠤᠨᠢ ᠭᠠᠭᠴᠠ ᠰᠢᠷᠬᠡᠭ ᠠᠭᠠᠷᠤᠤᠯ ᠴᠤ᠌ ᠰᠢᠳᠡᠴᠢᠬᠡᠳᠡᠭ ᠦᠭᠡᠢ ᠪᠠᠢᠭᠰᠠᠨ ᠲᠡᠷᠡ ᠬᠥᠮᠦᠰ ᠨᠢᠭᠡ ᠶᠡᠬᠡ ᠬᠡᠷᠡᠭ ᠲᠡᠢ ᠶᠠᠭᠤᠮ᠎ᠠ ᠨᠢ ᠠᠯᠠᠭ᠎ᠠ ᠪᠣᠯᠤᠭᠰᠠᠨ ᠮᠡᠲᠦ ᠦᠭᠡᠢᠯᠡᠯ᠎ᠡ᠃ ᠲᠡᠳᠡᠭᠡᠷ ᠢᠷᠭᠡᠳ ᠬᠠᠲᠤᠨ ᠤ᠋ ᠬᠠᠢᠷ᠎ᠠ ᠬᠡᠰᠢᠭ ᠢ᠋ᠶ᠋ᠡᠷ ᠠᠮᠢᠳᠤᠷᠠᠯ ᠠᠬᠤᠢ ᠪᠠᠨ ᠵᠠᠯᠭᠠᠭᠤᠯᠤᠨ᠂ ᠵᠦᠭᠡᠷ ᠰᠠᠭᠤᠬᠤ ᠦᠭᠡᠢ ᠪᠡᠷ ᠬᠥᠳᠡᠯᠵᠦ ᠪᠠᠢᠵᠤ ᠬᠣᠭᠣᠯᠠ ᠪᠠᠨ ᠣᠯᠳᠠᠭ ᠶᠤᠮ ᠪᠠᠢᠨ᠎ᠠ ᠭᠡᠵᠦ ᠣᠢᠯᠠᠭᠠᠵᠤ ᠡᠬᠢᠯᠡᠭᠰᠡᠨ ᠶᠦᠮ᠃ ᠡᠨᠡ ᠬᠥᠮᠦᠰ ᠠᠵᠢᠯ ᠬᠢᠪᠡᠯ ᠠᠮᠠ ᠲᠣᠰᠣᠳᠠᠨ᠂ ᠢᠳᠡᠬᠦ ᠬᠠᠯᠠᠭᠤᠨ ᠬᠣᠭᠣᠯᠠᠨ ᠠ᠋ᠴᠠ ᠭᠠᠳᠠᠨ᠎ᠠ ᠤᠨᠲᠠᠬᠤ ᠳᠤᠯᠠᠭᠠᠨ ᠭᠠᠵᠠᠷ ᠢ᠋ ᠴᠦ᠍ ᠣᠯᠵᠤ ᠪᠣᠯᠳᠠᠭ ᠭᠡᠳᠡᠭ ᠢ᠋ ᠤᠬᠠᠭᠠᠷᠠᠵᠠᠢ᠃
    ᠤᠳᠠᠲᠠᠯ᠎ᠠ ᠦᠷᠭᠦᠯᠵᠢᠯᠡᠭᠰᠡᠨ ᠠᠶᠠᠨ ᠲᠡᠢᠨ ᠦ᠌ ᠰᠤᠷᠠᠭ ᠴᠢᠮᠡᠭᠡ ᠰᠠᠶᠢ ᠨᠢᠭᠡ ᠳᠤᠭᠤᠯᠳᠠᠵᠤ ᠰᠥᠩ ᠤᠯᠤᠰ ᠲᠤ᠌ ᠳᠠᠢᠳᠤᠬᠤ ᠪᠠᠷ ᠶᠠᠪᠤᠭᠰᠠᠨ ᠥᠭᠡᠳᠡᠢ ᠬᠠᠭᠠᠨ ᠠ᠋ᠴᠠ ᠴᠢᠮᠡᠭᠡ ᠢᠷᠡᠭᠰᠡᠨ ᠨᠢ ᠠᠯᠲᠠᠨ ᠤᠷᠤᠭ ᠤ᠋ᠨ ᠬᠢᠨ ᠦ᠌ ᠰᠡᠳᠬᠢᠯ ᠵᠢᠷᠦᠬᠡ ᠶ᠋ᠢ ᠶᠣᠭᠬᠢᠯ ᠭᠡᠭᠰᠡᠨ ᠬᠦᠨᠳᠦᠬᠡᠨ ᠮᠡᠳᠡᠭᠡ ᠠᠪᠤᠯ᠎ᠠ᠃ ᠬᠡᠳᠦᠢᠪᠡᠷ ᠭᠤᠷᠪᠠᠨ ᠵᠠᠮ ᠢ᠋ᠶ᠋ᠠᠷ ᠳᠠᠢᠳᠤᠭᠰᠠᠨ ᠥᠭᠡᠳᠡᠢ ᠬᠠᠭᠠᠨ ᠤ᠋ ᠶᠡᠬᠡ ᠴᠡᠷᠢᠭ ᠠᠮᠵᠢᠯᠲᠠ ᠲᠠᠢ ᠪᠠᠢᠯᠳᠤᠨ ᠶᠠᠪᠤᠭ᠎ᠠ ᠴᠤ᠌ ᠬᠠᠭᠠᠨ ᠣᠷᠣ ᠵᠠᠯᠭᠠᠬᠤ ᠮᠠᠭᠠᠳᠯᠠᠯ ᠬᠠᠮᠤᠭ ᠤ᠋ᠨ ᠥᠨᠳᠥᠷ ᠪᠠᠢᠭᠰᠠᠨ ᠬᠠᠢᠷᠠᠲᠠᠢ ᠬᠦᠦ ᠬᠦᠴᠦ ᠨᠢ ᠲᠡᠢᠨ ᠦ᠌ ᠲᠠᠯᠠᠪᠤᠷ ᠲᠤ ᠠᠮᠢ ᠪᠠᠨ ᠠᠯᠳᠠᠭᠰᠠᠨ ᠲᠤᠬᠠᠢ ᠭᠠᠰᠢᠭᠤᠨ ᠦᠨᠡᠨ ᠬᠠᠷᠠᠬᠣᠷᠣᠮ ᠤ᠋ᠨ ᠴᠢᠯᠠᠭᠤᠨ ᠬᠠᠨᠠᠨ ᠳ᠋ᠤ᠌ ᠣᠢᠨ ᠢᠷᠡᠵᠦ ᠰᠣᠨᠣᠰᠤᠭᠳᠠᠯ᠎ᠠ᠃ ᠥᠭᠡᠳᠡᠢ ᠬᠠᠭᠠᠨ ᠨᠢᠭᠡᠨᠲᠡ ᠥᠪᠡᠷ ᠦ᠋ᠨ ᠠᠷᠤ ᠠ᠋ᠴᠠ ᠬᠠᠢᠷᠠᠲᠠᠢ ᠬᠦᠦ ᠬᠦᠴᠦ ᠪᠡᠨ ᠬᠠᠭᠠᠨ ᠰᠢᠷᠡᠭᠡᠨ ᠳ᠋ᠦ᠍ ᠰᠠᠭᠤᠯᠭᠠᠨ᠎ᠠ ᠭᠡᠵᠦ ᠬᠡᠯᠡᠵᠦ ᠪᠠᠢᠭᠰᠠᠨ ᠤᠳᠠᠭ᠎ᠠ ᠲᠠᠢ᠃ ᠭᠡᠪᠡᠴᠦ ᠬᠦᠦ ᠨᠢ ᠴᠠᠭ ᠠ᠋ᠴᠠ ᠪᠠᠨ ᠡᠷᠲᠡ ᠮᠥᠩᠬᠡ ᠲᠩᠷᠢ ᠳ᠋ᠡᠭᠡᠨ ᠣᠳᠤᠭᠰᠠᠨ ᠡᠨᠡ ᠭᠠᠰᠢᠭᠤᠨ ᠣᠢ ᠥᠭᠡᠳᠡᠢ ᠬᠠᠭᠠᠨ ᠤ᠋ ᠰᠥᠩ ᠤᠯᠤᠰ ᠲᠤ ᠬᠢᠬᠦ ᠠᠶᠠᠨ ᠲᠡᠢᠨ ᠦ᠌ ᠬᠦᠯᠦᠭ ᠦ᠋ᠨ ᠵᠢᠯᠣᠭᠣ ᠶ᠋ᠢ ᠥᠭᠡᠷ᠎ᠡ ᠵᠦᠭ ᠲᠦ᠍ ᠵᠠᠯᠠᠵᠤ ᠴᠤ᠌ ᠮᠡᠳᠡᠬᠦ ᠪᠡᠷ ᠪᠣᠯᠤᠭᠠᠳ ᠪᠠᠢᠯ᠎ᠠ᠃ ᠡᠨᠡ ᠭᠤᠨᠢᠭᠲᠤ ᠮᠡᠳᠡᠭᠡ ᠢᠷᠡᠭᠰᠡᠨ ᠲᠡᠷᠡ ᠡᠳᠦᠷ ᠰᠤᠷᠬᠠᠭᠲᠠᠨᠢ ᠬᠠᠲᠤᠨ ᠦᠷᠭᠦᠭᠡᠨ ᠳ᠋ᠡᠭᠡᠨ ᠪᠣᠳᠣᠯ ᠳ᠋ᠤ᠌ ᠠᠪᠲᠠᠨ ᠰᠠᠭᠤᠯ᠎ᠠ᠃ ᠲᠡᠷᠡ ᠨᠢᠭᠡᠨ ᠡᠳᠦᠷ ᠥᠭᠡᠳᠡᠢ ᠬᠠᠭᠠᠨ ᠰᠢᠷᠡᠭᠡᠨ ᠳ᠋ᠦ᠍ ᠰᠠᠭᠤᠭᠰᠠᠨ ᠤ᠋ ᠳᠠᠷᠠᠭᠠᠬᠠᠨ ᠲᠤᠯᠤᠢ ᠡᠵᠡᠨ ᠥᠭᠡᠳᠡ ᠪᠣᠯᠤᠭᠰᠠᠨ ᠭᠤᠨᠢᠭᠲᠤ ᠡᠳᠦᠷ ᠦ᠋ᠳ ᠦ᠋ᠨ ᠠᠷᠤ ᠳ᠋ᠤ᠌ ᠶᠡᠬᠡ ᠠᠭᠤᠷᠠᠭ ᠲᠤ ᠥᠭᠡᠳᠡᠢ ᠬᠠᠭᠠᠨ ᠥᠪᠡᠷ ᠦ᠋ᠨ ᠬᠦᠦ ᠬᠦᠴᠦ᠂ ᠲᠤᠯᠤᠢ ᠶ᠋ᠢᠨ ᠬᠦᠦ ᠮᠥᠩᠬᠡ ᠨᠠᠷ ᠢ᠋ ᠬᠣᠶᠠᠷ ᠲᠠᠯ᠎ᠠ ᠳ᠋ᠠᠭᠠᠨ ᠰᠠᠭᠤᠯᠭᠠᠨ᠂
    — ᠮᠢᠨᠦ ᠳᠠᠷᠠᠭ᠎ᠠ ᠬᠠᠭᠠᠨ ᠣᠷᠣ ᠵᠠᠯᠭᠠᠬᠤ ᠬᠥᠮᠦᠰ ᠪᠣᠯ ᠡᠨᠡ ᠬᠣᠶᠠᠷ ᠬᠦᠦ ᠶᠦᠮ ᠭᠡᠵᠦ ᠬᠡᠯᠡᠵᠦ ᠪᠠᠢᠭᠰᠠᠨ ᠪᠢᠯᠡ᠃ ᠥᠭᠡᠳᠡᠢ ᠶ᠋ᠢᠨ ᠬᠦᠦ ᠬᠦᠴᠦ ᠪᠣᠯ ᠬᠠᠭᠠᠨ ᠤ᠋ ᠬᠠᠮᠤᠭ ᠤ᠋ᠨ ᠬᠠᠢᠷᠠᠲᠠᠢ ᠬᠦᠦ᠂ ᠬᠠᠷᠢᠨ ᠮᠥᠩᠬᠡ ᠪᠣᠯ ᠥᠭᠡᠳᠡᠢ ᠬᠠᠭᠠᠨ ᠢ᠋ ᠨᠢᠭᠡᠨ ᠨᠠᠰᠤᠨ ᠤ᠋ ᠬᠠᠷᠠᠮᠰᠠᠯ ᠳ᠋ᠤ᠌ ᠤᠨᠠᠭᠠᠭᠠᠳ ᠶᠠᠪᠤᠭᠰᠠᠨ ᠲᠤᠯᠤᠢ ᠡᠵᠡᠨ ᠦ᠌ ᠲᠣᠮᠣ ᠬᠦᠦ᠂ ᠲᠤᠯᠤᠢ ᠡᠵᠡᠨ ᠤᠭ ᠠ᠋ᠴᠠ ᠴᠢᠩᠭᠢᠰ ᠬᠠᠭᠠᠨ ᠤ᠋ ᠣᠳᠬᠣᠨ ᠬᠦᠦ᠂ ᠭᠣᠯᠣᠮᠲᠠ ᠵᠠᠯᠭᠠᠬᠤ ᠤᠴᠢᠷ ᠲᠠᠢ ᠨᠢᠭᠡᠨ ᠪᠠᠢᠭᠰᠠᠨ ᠴᠤ᠌ ᠬᠠᠭᠠᠨ ᠠᠬ᠎ᠠ ᠶ᠋ᠢᠨ ᠢ᠋ᠶ᠋ᠡᠨ ᠲᠥᠯᠥᠭᠡ ᠠᠮᠢᠳᠤᠷᠠᠯ ᠲᠤᠷᠰᠢ ᠪᠠᠨ ᠶᠠᠪᠤᠵᠤ᠂ ᠡᠴᠦᠰ ᠲᠦ᠋ᠨᠢ ᠬᠠᠭᠠᠨ ᠤ᠋ ᠣᠷᠣᠨ ᠳ᠋ᠤ᠌ ᠬᠠᠭᠠᠨ ᠪᠣᠯᠤᠨ ᠲᠥᠷᠥᠭᠰᠡᠨ ᠠᠬ᠎ᠠ ᠶ᠋ᠢᠨ ᠢ᠋ᠶ᠋ᠡᠨ ᠡᠮᠦᠨ᠎ᠡ ᠡᠴᠡ ᠵᠣᠯᠢᠶ᠎ᠠ ᠪᠣᠯᠤᠭᠰᠠᠨ ᠲᠤᠯᠠ ᠥᠭᠡᠳᠡᠢ ᠬᠠᠭᠠᠨ ᠡᠢᠮᠦ ᠰᠢᠢᠳᠪᠦᠷᠢ ᠭᠠᠷᠭᠠᠭᠰᠠᠨ ᠪᠠᠢᠵᠤ ᠪᠣᠯᠬᠤ ᠶᠤᠮ᠃ ᠲᠡᠭᠡᠪᠡᠯ ᠲᠠᠯ᠎ᠠ ᠨᠤᠲᠤᠭ ᠲᠤ ᠬᠠᠭᠠᠨ ᠤ᠋ ᠦᠷ᠎ᠡ ᠬᠠᠭᠠᠨ ᠪᠣᠯᠳᠠᠭ ᠲᠢᠭ ᠵᠠᠶᠠᠭ ᠡᠪᠳᠡᠭᠳᠡᠨ᠂ ᠲᠤᠯᠤᠢ ᠶ᠋ᠢᠨ ᠬᠦᠦ ᠬᠠᠭᠠᠨ ᠰᠢᠷᠡᠭᠡ ᠰᠠᠭᠤᠬᠤ ᠪᠣᠯᠤᠨ᠎ᠠ᠃ ᠥᠭᠡᠳᠡᠢ ᠬᠠᠭᠠᠨ ᠨᠢᠭᠡᠨ ᠴᠠᠭ ᠤ᠋ᠨ ᠥᠭᠯᠢᠭᠡ ᠠᠪᠤᠯᠭ᠎ᠠ ᠶ᠋ᠢ ᠭᠦᠨ ᠰᠡᠳᠬᠢᠯ ᠳ᠋ᠡᠭᠡᠨ ᠪᠣᠳᠣᠵᠤ᠂ ᠡᠢᠮᠦ ᠰᠢᠢᠳᠪᠦᠷᠢ ᠭᠠᠷᠭᠠᠭᠰᠠᠨ ᠪᠢᠵᠡ᠃ ᠬᠠᠷᠢᠨ ᠡᠨᠡ ᠡᠷᠬᠡ ᠶ᠋ᠢ ᠵᠥᠪᠬᠡᠨ ᠮᠥᠩᠬᠡ ᠬᠦᠦ ᠳ᠋ᠦ᠍ ᠣᠯᠭᠣᠬᠤ ᠦᠭᠡᠢ᠂ ᠬᠦᠴᠦ ᠳ᠋ᠦ᠍ ᠳᠠᠪᠬᠤᠷ ᠣᠯᠭᠣᠵᠤ ᠪᠠᠢᠭ᠎ᠠ ᠶ᠋ᠢᠨ ᠤᠴᠢᠷ ᠶᠠᠭᠤ ᠪᠢᠯᠡ᠃ ᠥᠭᠡᠳᠡᠢ ᠬᠠᠭᠠᠨ ᠶᠠᠷᠢᠶ᠎ᠠ ᠪᠠᠨ ᠦᠷᠭᠦᠯᠵᠢᠯᠡᠭᠦᠯᠦᠨ᠂
    — ᠬᠠᠭᠠᠨ ᠡᠴᠢᠭᠡ ᠮᠢᠨᠢ ᠨᠠᠮᠠᠶ᠋ᠢ ᠥᠪᠡᠷ ᠦ᠋ᠨ ᠳᠠᠷᠠᠭ᠎ᠠ ᠬᠠᠭᠠᠨ ᠰᠠᠭᠤᠯᠭᠠᠬᠤ ᠬᠥᠮᠦᠨ ᠢ᠋ᠶ᠋ᠡᠷ ᠵᠠᠷᠯᠠᠵᠤ ᠪᠠᠢᠭᠰᠠᠨ ᠲᠡᠷᠡ ᠦᠶ᠎ᠡ ᠳ᠋ᠦ᠍《ᠬᠡᠷᠪᠡ ᠥᠭᠡᠳᠡᠢ ᠶ᠋ᠢᠨ ᠦᠷ᠎ᠡ ᠬᠡᠦᠬᠡᠳ ᠡᠪᠡᠰᠦᠨ ᠳ᠋ᠦ᠍ ᠣᠷᠢᠶᠠᠪᠠᠴᠤ ᠦᠬᠡᠷ ᠢᠳᠡᠬᠦ ᠦᠭᠡᠢ᠂ ᠥᠭᠡᠬᠦᠨ ᠳ᠋ᠦ᠍ ᠣᠷᠢᠶᠠᠪᠠᠴᠤ ᠨᠣᠬᠠᠢ ᠳᠣᠯᠢᠶᠠᠬᠤ ᠦᠭᠡᠢ ᠶᠠᠭᠤᠮ᠎ᠠ ᠲᠥᠷᠥᠬᠦ ᠠᠪᠠᠰᠤ ᠮᠢᠨᠦ ᠤᠷᠤᠭ ᠲᠥᠷᠥᠯ ᠦ᠋ᠨ ᠳᠣᠲᠣᠷ᠎ᠠ ᠨᠢᠭᠡᠨ ᠬᠦᠦ ᠨᠢ ᠰᠠᠢᠨ ᠳ᠋ᠤ᠌ ᠲᠥᠷᠥᠬᠦ ᠦᠭᠡᠢ ᠤᠤ》ᠭᠡᠮᠡᠨ ᠬᠡᠯᠡᠵᠦ ᠪᠠᠢᠭᠰᠠᠨ᠃ ᠲᠡᠢᠮᠦ ᠶ᠋ᠢᠨ ᠲᠤᠯᠠ ᠬᠣᠢᠲᠤ ᠦᠶ᠎ᠡ ᠶ᠋ᠢᠨ ᠠᠴᠢ ᠨᠠᠷ ᠲᠤ ᠮᠢᠨᠢ ᠡᠪᠡᠰᠦᠨ ᠳ᠋ᠦ᠍ ᠣᠷᠢᠶᠠᠪᠠᠴᠤ ᠦᠬᠡᠷ ᠢᠳᠡᠬᠦ ᠦᠭᠡᠢ ᠥᠭᠡᠬᠦᠨ ᠳ᠋ᠦ᠍ ᠣᠷᠢᠶᠠᠪᠠᠴᠤ ᠨᠣᠬᠠᠢ ᠢᠳᠡᠬᠦ ᠦᠭᠡᠢ ᠶᠠᠭᠤᠮ᠎ᠠ ᠲᠥᠷᠥᠬᠦ ᠠᠪᠠᠰᠤ ᠬᠠᠨᠳᠠᠭᠠᠢ ᠬᠠᠷᠰᠢ ᠶ᠋ᠢ ᠳᠠᠪᠠᠬᠤ ᠮᠡᠲᠦ ᠣᠯᠢᠭ ᠦᠭᠡᠢ ᠦᠷ᠎ᠡ ᠶ᠋ᠢ ᠰᠢᠷᠪᠢᠵᠦ᠂ ᠶᠡᠬᠡ ᠬᠠᠭᠠᠨ ᠤ᠋ ᠰᠠᠭᠤᠷᠢ ᠶ᠋ᠢ ᠤᠯᠠᠮᠵᠢᠯᠠᠰᠤᠭᠠᠢ᠃ ᠠᠷᠢᠶᠠᠲᠠᠨ ᠪᠦᠬᠦᠨ ᠡᠴᠡ ᠠᠶᠤᠬᠤ ᠬᠤᠯᠤᠭᠠᠨ᠎ᠠ ᠮᠡᠲᠦ ᠲᠤᠰᠠ ᠦᠭᠡᠢ ᠦᠷ᠎ᠡ ᠶ᠋ᠢ ᠣᠷᠬᠢᠵᠤ ᠶᠡᠬᠡ ᠬᠠᠭᠠᠨ ᠳ᠋ᠤ᠌ ᠵᠢᠳᠬᠦᠬᠦ ᠪᠣᠯᠭᠠᠰᠤᠭᠠᠢ! ᠭᠡᠮᠡᠨ ᠵᠠᠷᠯᠢᠭᠳᠠᠵᠤ ᠪᠠᠢᠭᠰᠠᠨ᠃
     ᠭᠡᠲᠡᠯ᠎ᠡ ᠬᠠᠭᠠᠨ ᠣᠷᠣ ᠰᠠᠭᠤᠬᠤ ᠳᠠᠷᠠᠭ᠎ᠠ ᠶ᠋ᠢᠨ ᠬᠥᠮᠦᠨ ᠮᠥᠩᠬᠡ ᠲᠡᠭᠷᠢ ᠶ᠋ᠢᠨ ᠲᠠᠭᠠᠯᠠᠯ ᠢ᠋ᠶ᠋ᠠᠷ ᠡᠭᠦᠷᠢᠳᠡ ᠣᠳᠴᠠᠢ᠃ ᠬᠡᠷᠬᠢᠬᠦ ᠪᠢᠯᠡ᠃ ᠡᠨᠡ ᠮᠡᠳᠡᠭᠡ ᠰᠤᠷᠬᠠᠭᠲᠠᠨᠢ ᠶ᠋ᠢᠨ ᠬᠤᠪᠢ ᠳ᠋ᠤ᠌ ᠥᠪᠡᠷ ᠦ᠋ᠨ ᠬᠦᠦ ᠮᠥᠩᠬᠡ ᠳ᠋ᠦ᠍ ᠬᠠᠭᠠᠨ ᠰᠠᠭᠤᠬᠤ ᠨᠢᠭᠡᠨ ᠲᠠᠭᠠᠲᠠᠢ ᠪᠣᠯᠤᠮᠵᠢ ᠭᠠᠷᠴᠤ ᠪᠠᠢᠨ᠎ᠠ ᠭᠡᠵᠦ ᠪᠣᠳᠣᠬᠤ ᠠ᠋ᠴᠠ ᠢᠯᠡᠭᠦᠦ ᠲᠡᠢ ᠪᠡᠷ ᠮᠣᠩᠭᠣᠯ ᠤ᠋ᠨ ᠲᠥᠷᠥ ᠳ᠋ᠦ᠍ ᠬᠦᠨᠳᠦᠬᠡᠨ ᠦᠶ᠎ᠡ ᠲᠤᠯᠭᠠᠷᠠᠵᠤ ᠪᠠᠢᠭ᠎ᠠ ᠶ᠋ᠢ ᠰᠠᠨᠠᠭᠤᠯᠤᠨ᠎ᠠ᠃ ᠲᠡᠭᠦᠨ ᠦ᠌ ᠵᠦᠩ ᠪᠡᠯᠭᠡ ᠳ᠋ᠦ᠍ ᠨᠢᠭᠡ ᠯᠡ ᠰᠠᠢᠨ ᠤ᠋ ᠲᠡᠮᠳᠡᠭ ᠢ᠋ᠶ᠋ᠡᠷ ᠪᠠᠭᠤᠵᠤ ᠢᠷᠡᠭᠡ ᠦᠭᠡᠢ ᠡᠨᠡ ᠮᠡᠳᠡᠭᠡ ᠲᠤᠩ ᠤᠳᠠᠬᠤ ᠦᠭᠡᠢ ᠡᠵᠡᠨᠲᠦ ᠭᠦᠷᠦᠨ ᠦ᠌ ᠨᠤᠲᠤᠭ ᠢ᠋ᠶ᠋ᠠᠷ ᠳᠠᠷᠬᠠᠨ ᠤᠯᠠᠮ ᠢ᠋ᠶ᠋ᠠᠷ ᠪᠠᠷᠠᠭᠤᠨ ᠵᠦᠭ ᠲᠦ᠍ ᠳᠠᠢᠳᠤᠵᠤ ᠶᠠᠪᠤᠭ᠎ᠠ ᠬᠠᠨ ᠬᠥᠪᠡᠭᠦᠳ ᠦ᠋ᠨ ᠴᠢᠬᠢᠨ ᠳ᠋ᠦ᠍ ᠬᠦᠷᠦᠭᠰᠡᠨ ᠪᠠᠢᠪᠠ᠃
     *
       ᠠᠯᠲᠠᠨ ᠤᠷᠤᠭ ᠤ᠋ᠨ ᠬᠠᠨ ᠬᠥᠪᠡᠭᠦᠳ ᠺᠢᠪᠴᠠᠺ ᠢ᠋ ᠪᠤᠲᠠ ᠴᠣᠬᠢᠨ ᠪᠠᠷᠠᠭᠤᠨ ᠵᠦᠭ ᠲᠦ᠍ ᠲᠦᠷᠢᠭᠡᠳ᠂ ᠪᠤᠯᠢᠭᠠᠷᠢ᠂ ᠪᠠᠱᠺᠢᠷ ᠢ᠋ ᠡᠵᠡᠯᠡᠨ ᠠᠪᠴᠤ ᠴᠠᠭᠠᠰᠢᠯᠠᠵᠠᠢ᠃ᠡᠨᠡ ᠦᠶ᠎ᠡ ᠳ᠋ᠦ᠍ ᠰᠦᠪᠡᠭᠡᠳᠡᠢ ᠪᠣᠯᠭᠠᠷᠢᠶ᠎ᠠ ᠳ᠋ᠤ᠌ ᠸᠣᠯᠭ᠎ᠠ ᠶ᠋ᠢᠨ ᠵᠦᠭ᠂ ᠮᠥᠩᠬᠡ ᠶ᠋ᠢᠨ ᠴᠡᠷᠢᠭ ᠲᠦᠷᠺ᠂ ᠺᠢᠪᠴᠠᠺ ᠢ᠋ ᠡᠵᠡᠯᠡᠨ᠂ ᠣᠯᠵᠠᠨ ᠳ᠋ᠤ᠌ ᠠᠪᠤᠭᠰᠠᠨ ᠴᠡᠷᠢᠭ ᠦ᠋ᠳ ᠢ᠋ᠶ᠋ᠡᠨ ᠠᠪᠴᠤ ᠣᠷᠣᠰ ᠤ᠋ᠨ ᠵᠦᠭ ᠮᠣᠷᠢᠨ ᠤ᠋ ᠵᠢᠯᠣᠭᠣ ᠶ᠋ᠢ ᠵᠠᠯᠠᠨ ᠤᠯᠠᠮ ᠴᠠᠭᠠᠰᠢᠯᠠᠭᠰᠠᠭᠠᠷ ᠪᠠᠢᠪᠠ᠃ ᠰᠤᠷᠬᠠᠭᠲᠠᠨᠢ ᠬᠠᠲᠤᠨ ᠤ᠋ ᠰᠡᠳᠬᠢᠯ ᠳ᠋ᠦ᠍ ᠵᠣᠪᠠᠵᠤ ᠪᠠᠢᠭᠰᠠᠨᠴᠢᠯᠠᠨ ᠬᠠᠨ ᠬᠥᠪᠡᠭᠦᠳ ᠡᠪ ᠨᠠᠢᠷ ᠲᠠᠢ ᠪᠠᠢᠵᠤ ᠴᠢᠳᠠᠬᠤ ᠪᠣᠯᠪᠠ ᠤᠤ᠂ ᠲᠡᠳᠡ ᠬᠠᠮᠲᠤ ᠶ᠋ᠢᠨ ᠬᠦᠴᠦ ᠪᠡᠷ ᠳᠣᠯᠣᠭᠠᠨ ᠳ᠋ᠤ᠌ ᠢᠯᠠᠯᠲᠠ ᠪᠠᠢᠭᠤᠯᠤᠭᠰᠠᠨ ᠬᠡᠳᠦᠢ ᠴᠦ᠍ ᠳᠣᠲᠣᠭᠠᠳᠤ ᠰᠡᠳᠬᠢᠯ ᠳ᠋ᠡᠭᠡᠨ ᠬᠥᠮᠦᠨ ᠪᠦᠷᠢ ᠥᠪᠡᠷ ᠦ᠋ᠨ ᠢᠯᠠᠯᠲᠠ ᠶ᠋ᠢᠨ ᠳᠠᠭᠤᠤ ᠶ᠋ᠢ ᠡᠬᠡ ᠨᠤᠲᠤᠭ᠂ ᠮᠣᠩᠭᠣᠯ ᠤ᠋ᠨ ᠲᠠᠯ᠎ᠠ ᠳ᠋ᠠᠭᠠᠨ ᠴᠤᠤᠷᠢᠶᠠᠲᠤᠭᠤᠯᠬᠤ ᠨᠢᠭᠤᠴᠠᠬᠠᠨ ᠬᠦᠰᠡᠯ ᠢ᠋ ᠠᠭᠤᠯᠵᠤ ᠶᠠᠪᠤᠯ᠎ᠠ᠃ᠡᠨᠡ ᠨᠢ ᠨᠥᠭᠦᠭᠡ ᠲᠠᠯ᠎ᠠ ᠪᠠᠷ ᠥᠭᠡᠳᠡᠢ ᠬᠠᠭᠠᠨ ᠤ᠋ ᠬᠠᠢᠷᠠᠲᠠᠢ ᠬᠦᠦ ᠬᠦᠴᠦ ᠰᠥᠩ ᠤᠯᠤᠰ ᠲᠠᠢ ᠬᠢᠵᠦ ᠪᠣᠢ ᠲᠡᠢᠨ ᠦ᠌ ᠲᠠᠯᠠᠪᠤᠷ ᠲᠤ ᠠᠮᠢ ᠨᠠᠰᠤ ᠪᠠᠨ ᠠᠯᠳᠠᠭᠰᠠᠨ ᠶᠠᠪᠤᠳᠠᠯ ᠠ᠋ᠴᠠ ᠡᠭᠦᠳᠦᠯ ᠲᠡᠢ ᠪᠠᠢᠵᠤ ᠪᠣᠯᠬᠤ᠃ ᠬᠡᠳᠦᠢᠪᠡᠷ ᠥᠭᠡᠳᠡᠢ ᠬᠠᠭᠠᠨ ᠳ᠋ᠤ᠌ ᠣᠯᠠᠨ ᠬᠦᠦ ᠪᠠᠢᠭᠰᠠᠨ ᠴᠤ᠌ ᠨᠢᠭᠡᠨ ᠴᠠᠭ ᠲᠤ ᠴᠢᠩᠭᠢᠰ ᠬᠠᠭᠠᠨ ᠤ᠋《ᠮᠢᠨᠦ ᠠᠴᠢ ᠬᠥᠪᠡᠭᠦᠳ ᠦ᠋ᠨ ᠳᠣᠲᠣᠷ᠎ᠠ ᠠ᠋ᠴᠠ ᠨᠢᠭᠡᠨ ᠬᠦᠦ ᠨᠢ ᠬᠠᠭᠠᠨ ᠪᠣᠯᠬᠤ ᠪᠤᠰᠤ ᠤᠤ》 ᠭᠡᠵᠦ ᠬᠡᠯᠡᠭᠰᠡᠨ ᠦᠭᠡᠰ ᠥᠨᠥ ᠬᠢᠷᠢ ᠲᠡᠳᠡᠨ ᠦ᠌ ᠵᠢᠷᠦᠬᠡ ᠰᠡᠳᠬᠢᠯ ᠦ᠋ᠨ ᠨᠢᠭᠤᠴᠠᠬᠠᠨ ᠬᠦᠰᠡᠯ ᠮᠥᠷᠥᠭᠡᠳᠦᠯ ᠪᠣᠯᠤᠨ ᠠᠮᠢᠳᠤᠷᠠᠭᠰᠠᠭᠠᠷ ᠪᠠᠢᠯ᠎ᠠ᠃ ᠬᠠᠨ ᠬᠥᠪᠡᠭᠦᠳ ᠦ᠋ᠨ ᠪᠦᠭᠦᠳᠡ ᠶ᠋ᠢᠨ ᠬᠢᠨᠢ ᠳᠣᠲᠣᠷ᠎ᠠ ᠪᠠᠢᠭᠰᠠᠨ ᠡᠨᠡ ᠨᠢᠭᠤᠴᠠᠬᠠᠨ ᠬᠦᠰᠡᠯ ᠬᠡᠰᠡᠭ ᠬᠤᠭᠤᠴᠠᠭᠠᠨ ᠤ᠋ ᠳᠠᠷᠠᠭ᠎ᠠ ᠢᠯᠡ ᠪᠣᠯᠵᠤ ᠢᠷᠡᠭᠰᠡᠨ ᠲᠡᠷᠡ ᠨᠢᠭᠡᠨ ᠡᠳᠦᠷ ᠶᠡᠬᠡ ᠡᠵᠡᠨ ᠴᠢᠩᠭᠢᠰ ᠬᠠᠭᠠᠨ ᠤ᠋ ᠪᠠᠢᠭᠤᠯᠤᠭᠰᠠᠨ ᠶᠡᠬᠡ ᠮᠣᠩᠭᠣᠯ ᠤᠯᠤᠰ ᠤ᠋ᠨ ᠬᠤᠪᠢ ᠵᠠᠶᠠᠭ᠎ᠠ ᠴᠠᠭᠠᠰᠢ ᠬᠡᠷᠬᠢᠬᠦ ᠲᠤᠬᠠᠢ ᠪᠣᠳᠣᠬᠤ ᠳ᠋ᠤ᠌ ᠬᠦᠷᠭᠡᠪᠡ᠃
        ᠲᠡᠢᠨ ᠦ᠌ ᠣᠯᠵᠠ ᠣᠮᠣᠭ ᠢᠯᠠᠯᠲᠠ ᠶ᠋ᠢᠨ ᠤᠤᠬᠠᠢ ᠬᠠᠳᠠᠭᠤᠯᠤᠭᠰᠠᠨ ᠳᠠᠢᠴᠢᠨ ᠡᠷᠡᠰ᠂ ᠬᠠᠨ ᠬᠥᠪᠡᠭᠦᠳ ᠪᠠᠷᠠᠭᠤᠨ ᠵᠦᠭ ᠲᠦ᠍ ᠢᠯᠡᠳᠲᠡ ᠢᠯᠠᠯᠲᠠ ᠪᠠᠢᠭᠤᠯᠤᠨ᠂ ᠬᠣᠷᠢᠨ ᠵᠢᠯ ᠦ᠋ᠨ ᠡᠮᠦᠨ᠎ᠡ ᠴᠢᠩᠭᠢᠰ ᠬᠠᠭᠠᠨ ᠤ᠋ ᠪᠠᠢᠭᠤᠯᠵᠤ ᠪᠠᠢᠭᠰᠠᠨ ᠢᠯᠠᠯᠲᠠ ᠶ᠋ᠢᠨ ᠳᠠᠭᠤᠤ ᠶ᠋ᠢ ᠥᠷᠥᠨᠡᠲᠦ ᠳ᠋ᠦ᠍ ᠬᠠᠲᠠᠭᠠᠨ ᠪᠠᠢᠯ᠎ᠠ᠃ ᠲᠡᠷᠡ ᠴᠠᠭ ᠲᠤ ᠲᠠᠯ᠎ᠠ ᠨᠤᠲᠤᠭ ᠤ᠋ᠨ ᠵᠢᠵᠢᠭᠬᠡᠨ ᠡᠷᠡᠰ᠂ ᠮᠣᠷᠢᠳ ᠤ᠋ᠨ ᠲᠤᠭᠤᠷᠠᠢ ᠳ᠋ᠤ᠌ ᠲᠠᠬᠠᠯᠠᠭᠳᠠᠭᠰᠠᠨ ᠭᠠᠵᠠᠷ ᠣᠷᠣᠨ ᠤᠯᠠᠮ ᠨᠡᠮᠡᠭᠳᠡᠵᠦ᠂ ᠡᠨᠡ ᠢᠯᠠᠯᠲᠠ ᠶ᠋ᠢᠨ ᠰᠦᠷ ᠳᠤᠤᠯᠢᠶᠠᠨ ᠢ᠋ᠶ᠋ᠠᠷ ᠣᠯᠠᠨ ᠵᠠᠭᠤᠨ ᠤ᠋ ᠲᠡᠷᠲᠡᠭᠡ ᠡᠴᠡ ᠪᠡᠶ᠎ᠡ ᠪᠡᠶ᠎ᠡ ᠶ᠋ᠢᠨ ᠢ᠋ᠶ᠋ᠡᠨ ᠡᠰᠡᠷᠭᠦ ᠬᠠᠷᠠᠵᠤ ᠢᠷᠡᠭᠰᠡᠨ ᠱᠠᠰᠢᠨ ᠤ᠋ ᠲᠣᠮᠣᠬᠠᠨ ᠬᠦᠴᠦᠨ᠂ ᠾᠷᠢᠰᠲ᠋ᠣᠰ ᠤ᠋ᠨ ᠪᠣᠯᠤᠨ ᠢᠰᠯᠠᠮ ᠱᠠᠰᠢᠨᠲᠠᠨ ᠨᠤᠭᠤᠳ ᠢ᠋ ᠲᠠᠯ᠎ᠠ ᠨᠤᠲᠤᠭ ᠤ᠋ᠨ ᠠᠢᠬᠤᠪᠲᠤᠷ ᠬᠦᠴᠦᠨ ᠦ᠌ ᠡᠰᠡᠷᠭᠦ ᠨᠢᠭᠡᠳᠦᠨ ᠵᠣᠭᠰᠣᠬᠤ ᠰᠢᠢᠳᠪᠦᠷᠢ ᠶ᠋ᠢ ᠭᠠᠷᠭᠠᠬᠤ ᠬᠦᠷᠲᠡᠯ᠎ᠡ ᠴᠡᠴᠡᠷᠡᠭᠦᠯᠦᠭᠰᠡᠨ ᠶᠦᠮ᠃ ᠷᠤᠮᠠ ᠶ᠋ᠢᠨ ᠫᠠᠫ ᠲᠠᠯ᠎ᠠ ᠨᠤᠲᠤᠭ ᠤ᠋ᠨ ᠳᠠᠢᠴᠢᠳ ᠤ᠋ᠨ ᠢᠯᠠᠯᠲᠠ ᠶ᠋ᠢᠨ ᠳᠠᠭᠤᠤ ᠡᠬᠡ ᠨᠤᠲᠤᠭ ᠲᠤᠨᠢ ᠤᠯᠠᠮ ᠪᠦᠷ ᠣᠢᠷᠠᠲᠤᠨ ᠪᠠᠢᠭ᠎ᠠ ᠳ᠋ᠤ᠌ ᠰᠡᠳᠬᠢᠯ ᠵᠣᠪᠠᠨᠢᠨ᠂ ᠥᠪᠡᠷ ᠦ᠋ᠨ ᠡᠯᠴᠢ᠂ ᠲᠤᠷᠰᠢᠭᠤᠯ ᠢ᠋ ᠪᠣᠯᠢᠭᠠᠷᠢᠶ᠎ᠠ᠂ ᠪᠠᠱᠺᠢᠷ ᠤ᠋ᠨ ᠲᠠᠯ᠎ᠠ ᠨᠤᠲᠤᠭ ᠤᠷᠤᠭᠤ ᠢᠯᠡᠭᠡᠵᠦ ᠲᠠᠩᠳᠠᠭᠤᠯᠤᠨ ᠪᠠᠢᠬᠤ ᠳ᠋ᠤ᠌ ᠯᠠᠯᠤ ᠶ᠋ᠢᠨ ᠱᠠᠰᠢᠨᠲᠠᠨ ᠨᠤᠭᠤᠳ ᠤ᠋ᠨ ᠮᠠᠩᠯᠠᠢ ᠢᠰᠦᠰᠰᠢᠶᠠᠨ ᠨᠤᠭᠤᠳ ᠤ᠋ᠨ ᠲᠣᠯᠣᠭᠠᠢᠯᠠᠭᠴᠢ᠂ ᠠᠭᠤᠯᠠ ᠶ᠋ᠢᠨ ᠡᠪᠦᠭᠡᠨ ᠦ᠌ ᠡᠯᠴᠢ ᠷᠤᠮᠠ ᠶ᠋ᠢᠨ ᠫᠠᠫ ᠲᠤ ᠪᠠᠷᠠᠯᠬᠠᠨ ᠲᠠᠯ᠎ᠠ ᠨᠤᠲᠤᠭ ᠤ᠋ᠨ ᠮᠣᠩᠭᠣᠯᠴᠤᠳ ᠤ᠋ᠨ ᠡᠰᠡᠷᠭᠦ ᠬᠠᠮᠲᠤᠷᠠᠨ ᠲᠡᠮᠡᠴᠡᠬᠦ ᠰᠠᠨᠠᠯ ᠢ᠋ ᠲᠠᠯᠪᠢᠵᠤ ᠪᠠᠢᠯ᠎ᠠ᠃ ᠠᠯᠲᠠᠨ ᠤᠷᠤᠭ ᠤ᠋ᠨ ᠬᠠᠨ ᠬᠥᠪᠡᠭᠦᠳ ᠢᠯᠠᠯᠲᠠ ᠪᠠᠨ ᠲᠡᠮᠳᠡᠭᠯᠡᠨ ᠨᠢᠭᠡᠨ ᠳᠣᠣᠷ᠎ᠠ ᠴᠤᠭᠯᠠᠵᠤ᠂ ᠬᠥᠯ ᠦᠭᠡᠢ ᠨᠠᠢᠷ ᠬᠡᠳᠦᠨ ᠬᠣᠨᠣᠭ ᠢ᠋ᠶ᠋ᠠᠷ ᠦᠷᠭᠦᠯᠵᠢᠯᠡᠪᠡ᠃ ᠳᠡᠯᠡᠬᠡᠢ ᠶ᠋ᠢ ᠡᠵᠡᠩᠨᠡᠭᠴᠢ ᠡᠵᠡᠨᠲᠦ ᠭᠦᠷᠦᠨ ᠦ᠌ ᠰᠦᠷ ᠬᠦᠴᠦ ᠳᠠᠯᠠᠢ ᠲᠠᠩᠭᠢᠰ ᠤ᠋ᠨ ᠮᠠᠨᠳᠠᠯ ᠳ᠋ᠤ᠌ ᠬᠦᠷᠲᠡᠯ᠎ᠡ ᠴᠤᠤᠷᠢᠶᠠᠲᠤᠨ᠎ᠠ᠃
       ᠵᠥᠴᠢ ᠶ᠋ᠢᠨ ᠤᠤᠭᠠᠨ ᠬᠦᠦ ᠪᠠᠲᠤ ᠶ᠋ᠢᠨ ᠨᠡᠭᠦᠳᠡᠯ ᠦ᠋ᠨ ᠦᠷᠭᠦᠭᠡᠨ ᠳ᠋ᠦ᠍ ᠠᠯᠲᠠᠨ ᠤᠷᠤᠭ ᠤ᠋ᠨ ᠬᠠᠨ ᠬᠥᠪᠡᠭᠦᠳ ᠪᠦᠭᠦᠳᠡ ᠴᠤᠭᠯᠠᠵᠠᠢ᠃ ᠬᠡᠳᠦᠨ ᠵᠢᠯ ᠦ᠋ᠨ ᠡᠮᠦᠨ᠎ᠡ ᠡᠬᠡ ᠨᠤᠲᠤᠭ ᠠ᠋ᠴᠠ ᠪᠠᠨ ᠭᠠᠷᠴᠤ ᠪᠠᠢᠭᠰᠠᠨ ᠲᠡᠳᠡ ᠣᠳᠣ ᠲᠡᠢᠨ ᠳᠣᠯᠣᠭᠠᠨ ᠤ᠋ ᠲᠠᠯᠠᠪᠤᠷ ᠲᠤ ᠢᠳᠡᠷ ᠨᠠᠰᠤ ᠥᠩᠭᠡᠷᠡᠭᠦᠯᠵᠦ᠂ ᠬᠠᠳᠠ ᠰᠠᠭᠤᠭᠰᠠᠨ ᠡᠷᠡᠴᠦᠳ ᠪᠣᠯᠤᠭᠰᠠᠨ ᠨᠢ ᠬᠠᠷᠠᠭᠳᠠᠨ᠎ᠠ᠃ ᠡᠩᠨᠡᠭᠦᠯᠦᠨ ᠵᠠᠰᠠᠭᠰᠠᠨ ᠰᠢᠷᠡᠭᠡᠨ ᠳᠡᠭᠡᠷ᠎ᠡ ᠢᠳᠡᠭᠡ ᠰᠢᠭᠦᠰᠦ ᠳᠡᠯᠭᠡᠭᠡᠰᠦᠲᠡᠢ᠃ ᠬᠠᠪᠤᠲᠠᠢ ᠨᠠᠢᠷ ᠴᠡᠩᠭᠡᠯ ᠢᠳᠡ ᠳᠤᠮᠳᠠ ᠪᠠᠨ ᠶᠠᠪᠤᠵᠤ ᠪᠠᠢᠯ᠎ᠠ᠃ ᠬᠠᠨ ᠬᠥᠪᠡᠭᠦᠳ ᠶᠡᠬᠡᠳᠡ ᠬᠠᠯᠠᠮᠴᠠᠵᠠᠢ᠃ ᠡᠨᠡ ᠦᠶ᠎ᠡ ᠳ᠋ᠦ᠍ ᠭᠠᠳᠠᠨ᠎ᠠ ᠠ᠋ᠴᠠ ᠪᠠᠲᠤ ᠣᠷᠣᠵᠤ ᠢᠷᠡᠪᠡ᠃ ᠦᠷᠭᠦᠭᠡᠨ ᠦ᠌ ᠬᠣᠢᠮᠣᠷ ᠲᠤ ᠪᠠᠢᠬᠤ ᠰᠡᠨᠳᠡᠢ ᠳ᠋ᠡᠭᠡᠨ ᠣᠴᠢᠵᠤ ᠰᠠᠭᠤᠭᠰᠠᠨ ᠤ᠋ ᠳᠠᠷᠠᠭ᠎ᠠ ᠨᠢ ᠲᠡᠳᠡ ᠪᠠᠲᠤ ᠶ᠋ᠢᠨ ᠣᠷᠣᠵᠤ ᠢᠷᠡᠭᠰᠡᠨ ᠢ᠋ ᠰᠠᠶᠢ ᠠᠩᠵᠠᠭᠠᠷᠠᠯ᠎ᠠ᠃ ᠪᠠᠲᠤ ᠡᠮᠦᠨᠡᠬᠢ ᠰᠢᠷᠡᠭᠡᠨ ᠳᠡᠭᠡᠷ᠎ᠡ ᠡᠴᠡ ᠰᠢᠪᠡᠭᠴᠢᠨ ᠦ᠌ ᠠᠶᠠᠭᠠᠯᠠᠵᠤ ᠥᠭᠭᠦᠭᠰᠡᠨ ᠠᠶᠠᠭᠠᠲᠠᠢ ᠰᠠᠷᠬᠤᠳ ᠢ᠋ ᠠᠪᠴᠤ᠂
    — ᠬᠣᠷᠢᠨ ᠵᠢᠯ ᠦ᠋ᠨ ᠡᠮᠦᠨ᠎ᠡ ᠬᠠᠭᠠᠨ ᠡᠪᠦᠭᠡ ᠶ᠋ᠢᠨ ᠡᠵᠡᠯᠡᠵᠦ ᠶᠠᠪᠤᠭᠰᠠᠨ ᠨᠤᠲᠤᠭ ᠢ᠋ ᠥᠨᠥᠳᠥᠷ ᠬᠠᠨ ᠬᠥᠪᠡᠭᠦᠳ ᠪᠢᠳᠡ ᠤᠯᠠᠮ ᠳᠡᠯᠡᠯ᠎ᠡ᠃ ᠶᠡᠬᠡ ᠮᠣᠩᠭᠣᠯ ᠤᠯᠤᠰ ᠤ᠋ᠨ ᠰᠦᠷ ᠬᠦᠴᠦᠨ ᠡᠨᠡ ᠳᠡᠯᠡᠬᠡᠢ ᠶ᠋ᠢ ᠳᠣᠩᠰᠣᠯᠭᠠᠯ᠎ᠠ᠃ ᠶᠡᠬᠡ ᠡᠵᠡᠨ ᠬᠠᠭᠠᠨ ᠦᠭᠡᠢ ᠴᠤ᠌ ᠢᠷᠡᠭᠡᠳᠦᠢ ᠬᠣᠢᠴᠢ ᠨᠢ ᠲᠡᠭᠦᠨ ᠦ᠌ ᠦᠢᠯᠡ ᠬᠡᠷᠡᠭ ᠢ᠋ ᠦᠷᠭᠦᠯᠵᠢᠯᠡᠭᠦᠯᠵᠦ ᠪᠠᠢᠭ᠎ᠠ ᠶ᠋ᠢ ᠪᠢᠳᠡ ᠬᠠᠷᠠᠭᠤᠯᠤᠯ᠎ᠠ᠃ ᠡᠨᠡ ᠮᠡᠲᠦ ᠢᠯᠠᠯᠲᠠ ᠶ᠋ᠢ ᠠᠯᠲᠠᠨ ᠤᠷᠤᠭ ᠤ᠋ᠨ ᠠᠬᠠᠮᠠᠳ ᠬᠥᠪᠡᠭᠦᠨ ᠦ᠌ ᠬᠤᠪᠢ ᠳ᠋ᠤ᠌ ᠪᠠᠬᠠᠳᠤᠨ ᠢᠷᠥᠭᠡᠵᠦ ᠪᠠᠢᠨ᠎ᠠ ᠭᠡᠮᠡᠨ ᠬᠤᠨᠳᠠᠭ᠎ᠠ ᠰᠠᠷᠬᠤᠳ ᠢ᠋ᠶ᠋ᠠᠨ ᠬᠦᠷᠲᠡᠯ᠎ᠡ᠃
    ᠡᠨᠡ ᠦᠭᠡ ᠬᠠᠭᠠᠨ ᠤ᠋ ᠤᠳᠤᠮ ᠤ᠋ᠨ ᠪᠤᠰᠤᠳ ᠬᠥᠪᠡᠭᠦᠳ ᠦ᠋ᠨ ᠬᠤᠪᠢ ᠳ᠋ᠤ᠌ ᠥᠭᠡᠷ᠎ᠡ ᠵᠦᠢᠯ ᠢ᠋ ᠪᠣᠳᠣᠭᠳᠠᠭᠤᠯᠤᠭᠰᠠᠨ ᠪᠣᠯᠤᠯᠲᠠᠢ᠃ ᠬᠡᠨ ᠬᠥᠮᠦᠨ ᠦᠭᠡᠢ ᠳᠣᠣᠷ᠎ᠠ ᠪᠦᠷᠢᠨ᠎ᠡ《ᠨᠢᠭᠡᠨᠲᠡ ᠬᠠᠭᠠᠨ ᠤ᠋ ᠣᠷᠣ ᠵᠠᠯᠭᠠᠬᠤ ᠰᠠᠭᠤᠳᠠᠯ ᠡᠵᠡᠨ ᠦᠭᠡᠢ ᠪᠣᠯᠤᠭᠰᠠᠨ ᠠ᠋ᠴᠠ ᠪᠠᠲᠤ ᠠᠬᠠᠮᠠᠳ ᠬᠥᠪᠡᠭᠦᠨ ᠦ᠌ ᠬᠤᠪᠢ ᠪᠠᠷ ᠬᠠᠭᠠᠨ ᠰᠠᠭᠤᠳᠠᠯ ᠤ᠋ᠨ ᠲᠥᠯᠥᠭᠡ ᠰᠠᠨᠠᠭᠠᠷᠬᠠᠵᠤ ᠪᠠᠢᠨ᠎ᠠ》 ᠭᠡᠰᠡᠨ ᠪᠣᠳᠣᠯ ᠲᠥᠷᠥᠵᠦ᠂ ᠲᠡᠳᠡᠨ ᠦ᠌ ᠳᠤᠮᠳᠠ ᠠ᠋ᠴᠠ ᠴᠠᠭᠠᠲᠠᠢ ᠶ᠋ᠢᠨ ᠬᠦᠦ ᠪᠤᠷᠭᠢ ᠬᠡᠮᠡᠬᠦ ᠵᠠᠩᠵᠤᠨ ᠶᠡᠬᠡᠳᠡ ᠡᠭᠳᠡᠭᠦᠴᠡᠭᠰᠡᠨ ᠨᠢ ᠬᠠᠷᠠᠵᠤ ᠪᠣᠢ ᠨᠢᠳᠦᠨ ᠡᠴᠡ ᠢᠯᠡᠳᠲᠡ᠃ ᠲᠡᠷᠡ ᠪᠡᠷ ᠴᠡᠷᠢᠭ ᠦ᠋ᠨ ᠭᠠᠷᠮᠠᠭᠠᠢ ᠵᠠᠩᠵᠤᠨ ᠬᠢᠷᠢᠨ᠎ᠡ ᠰᠠᠷᠬᠤᠳ ᠲᠤ ᠳᠤᠷᠠᠲᠠᠢ᠃ ᠬᠠᠯᠠᠮᠴᠠᠭᠰᠠᠨ ᠦᠶ᠎ᠡ ᠳ᠋ᠡᠭᠡᠨ ᠬᠠᠭᠠᠨ ᠡᠵᠡᠨ᠂ ᠬᠠᠷᠠᠴᠤ ᠠᠷᠠᠳ ᠬᠡᠨ ᠳ᠋ᠦ᠍ ᠴᠦ᠍ ᠬᠠᠮᠢᠶ᠎ᠠ ᠦᠭᠡᠢ ᠬᠡᠯᠡᠬᠦ ᠭᠡᠰᠡᠨ ᠦᠭᠡ ᠪᠡᠨ ᠬᠡᠯᠡᠴᠢᠬᠡᠳᠡᠭ ᠨᠢᠭᠡᠨ ᠪᠠᠢᠪᠠ᠃ ᠣᠯᠠᠨ ᠤᠳᠠᠭ᠎ᠠ ᠶ᠋ᠢᠨ ᠲᠡᠢᠨ ᠳᠣᠯᠣᠭᠠᠨ ᠳ᠋ᠤ᠌ ᠣᠨᠴᠠᠭᠠᠢ ᠭᠠᠪᠢᠶ᠎ᠠ ᠪᠠᠢᠭᠤᠯᠤᠭᠰᠠᠨ ᠲᠡᠭᠦᠨ ᠦ᠌ ᠵᠢᠳᠬᠦᠯ ᠢ᠋ ᠬᠡᠨ ᠬᠥᠮᠦᠨ ᠦᠭᠡᠢ ᠦᠨᠡᠯᠡᠳᠡᠭ ᠪᠣᠯᠬᠣᠷ  ᠬᠠᠯᠠᠮᠴᠠᠭᠤ ᠳ᠋ᠠᠭᠠᠨ ᠬᠡᠯᠡᠭᠰᠡᠨ ᠬᠠᠲᠠᠭᠤᠬᠠᠨ ᠦᠭᠡ ᠶ᠋ᠢ ᠨᠢ ᠬᠥᠮᠦᠰ ᠲᠡᠭᠡᠰᠬᠢᠭᠡᠳ ᠮᠠᠷᠲᠠᠳᠠᠭ᠂ ᠲᠠᠯ᠎ᠠ ᠨᠤᠲᠤᠭ ᠤ᠋ᠨ ᠬᠥᠮᠦᠨ ᠦ᠌ ᠵᠠᠩ ᠢ᠋ᠶ᠋ᠠᠷ ᠣᠷᠬᠢᠳᠠᠭ ᠪᠠᠢᠯ᠎ᠠ᠃ ᠪᠤᠷᠭᠢ ᠪᠣᠰᠤᠨ ᠢᠷᠡᠵᠦ ᠨᠢᠳᠦ ᠪᠡᠨ ᠣᠨᠢᠢᠯᠭᠠᠨ ᠪᠠᠲᠤ ᠶ᠋ᠢ ᠬᠠᠷᠠᠵᠤ ᠵᠣᠭᠰᠣᠭᠰᠠᠨ ᠢ᠋ᠶ᠋ᠠᠨ ᠰᠢᠯᠦᠰᠦ ᠪᠡᠨ ᠦᠰᠦᠷᠦᠭᠦᠯᠦᠨ ᠪᠠᠲᠤ ᠳ᠋ᠤ᠌ ᠣᠢᠷᠠᠲᠤᠨ ᠢᠷᠡᠵᠦ᠂
    — ᠠᠯᠲᠠᠨ ᠤᠷᠤᠭ ᠤ᠋ᠨ ᠠᠬᠠᠮᠠᠳ ᠬᠥᠪᠡᠭᠦᠨ ᠭᠡᠨ᠎ᠡ ᠤᠤ? ᠴᠢ ᠥᠪᠡᠷ ᠢ᠋ ᠪᠡᠨ ᠪᠢᠳᠡᠨ ᠦ᠌ ᠠᠬᠠᠮᠠᠳ ᠨᠢ ᠭᠡᠵᠦ ᠰᠠᠨᠠᠨ᠎ᠠ ᠤᠤ? ᠶᠠᠭᠤᠨ ᠳ᠋ᠤ᠌ ᠰᠠᠨᠠᠭᠠᠷᠬᠠᠨ ᠡᠢᠮᠦ ᠵᠦᠢᠯ ᠶᠠᠷᠢᠵᠤ ᠪᠠᠢᠭ᠎ᠠ ᠶ᠋ᠢ ᠴᠢᠨᠢ ᠪᠢᠳᠡ ᠮᠡᠳᠡᠬᠦ ᠦᠭᠡᠢ ᠭᠡᠵᠦ ᠪᠣᠳᠣᠭ᠎ᠠ ᠤᠤ ᠭᠡᠬᠦ ᠨᠢ ᠲᠡᠷᠡ᠃ ᠠᠷᠤ ᠠ᠋ᠴᠠ ᠨᠢ ᠭᠦᠶᠦᠭ ᠪᠣᠰᠤᠨ ᠢᠷᠡᠯ᠎ᠡ᠃ ᠲᠡᠷᠡ ᠨᠡᠯᠢᠶᠡᠳ ᠬᠠᠯᠠᠮᠴᠠᠭᠰᠠᠨ ᠪᠣᠯᠤᠯᠲᠠᠢ᠂
    —ᠪᠢ ᠬᠠᠭᠠᠨ ᠡᠵᠡᠨ ᠦ᠌ ᠠᠬᠠᠮᠠᠳ ᠬᠦᠦ ᠠᠲᠠᠯ᠎ᠠ ᠪᠠᠲᠤ ᠴᠢ ᠶᠠᠭᠤᠨ ᠤ᠋ ᠤᠴᠢᠷ ᠪᠢᠳᠡᠨ ᠳ᠋ᠦ᠍ ᠢᠷᠦᠭᠡᠯ ᠦ᠋ᠨ ᠬᠤᠨᠳᠠᠭ᠎ᠠ ᠡᠷᠭᠦᠨ᠎ᠡ ᠪᠣᠢ? ᠥᠪᠡᠷ ᠢ᠋ ᠪᠡᠨ ᠪᠢᠳᠡᠨ ᠡᠴᠡ ᠢᠯᠡᠭᠦᠦ ᠭᠡᠵᠦ ᠰᠡᠳᠬᠢᠨ᠎ᠡ ᠤᠤ? ᠭᠡᠮᠡᠨ ᠠᠭᠰᠤᠷᠬᠤ ᠳ᠋ᠤ᠌ ᠪᠠᠲᠤ ᠠᠭᠤᠷᠰᠠᠨ᠂
    — ᠲᠠ ᠨᠠᠷ ᠢ᠋ ᠨᠢᠳᠦ ᠪᠡᠨ ᠨᠡᠬᠡᠭᠡ ᠦᠭᠡᠢ ᠭᠥᠯᠥᠭᠡ ᠪᠠᠢᠬᠤ ᠳ᠋ᠤ᠌ ᠪᠢ ᠬᠠᠨᠳᠠᠭᠠᠢ ᠬᠠᠷᠪᠤᠬᠤ ᠠᠩᠴᠢᠨ ᠪᠠᠢᠯ᠎ᠠ᠃ ᠲᠠ ᠨᠠᠷ ᠢ᠋ ᠡᠬᠡ ᠶ᠋ᠢᠨ ᠢ᠋ᠶ᠋ᠡᠨ ᠬᠥᠬᠥ  ᠶ᠋ᠢ ᠣᠯᠬᠤ ᠦᠭᠡᠢ ᠲᠡᠮᠲᠡᠷᠢᠵᠦ ᠪᠠᠢᠬᠤ ᠳ᠋ᠤ᠌ ᠪᠢ ᠡᠪᠦᠭᠡ ᠡᠴᠢᠭᠡ ᠪᠡᠷ ᠢ᠋ᠶ᠋ᠡᠨ ᠴᠡᠷᠢᠭ ᠦ᠋ᠨ ᠡᠷᠳᠡᠮ ᠵᠢᠭᠠᠯᠭᠠᠵᠤ ᠶᠠᠪᠤᠯ᠎ᠠ᠃ ᠥᠨᠥ ᠲᠠ ᠨᠠᠷ ᠨᠠᠳᠠ ᠳ᠋ᠤ᠌ ᠠᠲᠠᠭᠠᠷᠬᠠᠬᠤ ᠤᠤ ᠭᠡᠮᠡᠨ ᠬᠥᠶᠦᠭ᠂ ᠪᠤᠷᠭᠢ ᠬᠣᠶᠠᠷ ᠤᠷᠤᠭᠤ ᠳᠠᠭᠠᠷᠢᠪᠠ᠃ ᠭᠦᠶᠦᠭ ᠠᠭᠤᠷᠰᠠᠨ᠂
    — ᠪᠠᠲᠤ ᠪᠣᠯ ᠠᠯᠲᠠᠨ ᠤᠷᠤᠭ ᠤ᠋ᠨ ᠬᠥᠮᠦᠨ ᠪᠢᠰᠢ᠂ ᠮᠡᠷᠭᠢᠳ ᠦ᠋ᠨ ᠣᠷᠬᠢᠳᠠᠰᠤ᠃ ᠲᠡᠢᠮᠦ ᠡᠴᠡ ᠪᠠᠲᠤ ᠶ᠋ᠢᠨ ᠦᠭᠡ ᠶ᠋ᠢ ᠦᠭᠡ ᠭᠡᠵᠦ ᠰᠣᠨᠣᠰᠬᠤ ᠬᠡᠷᠡᠭ ᠦᠭᠡᠢ᠃ ᠲᠡᠭᠦᠨ ᠳ᠋ᠦ᠍ ᠮᠣᠳᠣᠨ ᠰᠡᠭᠦᠯ ᠵᠡᠭᠦᠯᠭᠡᠪᠡᠯ ᠵᠣᠬᠢᠨ᠎ᠠ ᠭᠡᠵᠦ ᠨᠡᠮᠡᠵᠦ ᠬᠡᠯᠡᠬᠦ ᠨᠢ ᠲᠡᠷᠡ᠃ ᠡᠨᠡ ᠦᠭᠡ ᠪᠠᠲᠤ ᠶ᠋ᠢᠨ ᠡᠩᠭᠡᠷ ᠴᠡᠭᠡᠵᠢ ᠶ᠋ᠢ ᠤᠷᠠᠭᠠᠳ ᠬᠠᠶᠠᠴᠢᠬᠠᠬᠤ ᠰᠢᠭ᠋ ᠪᠣᠯᠬᠤ ᠳ᠋ᠤ᠌ ᠲᠡᠷᠡ ᠪᠡᠷ ᠪᠣᠰᠤᠨ ᠢᠷᠡᠯ᠎ᠡ᠃ ᠨᠢᠭᠡᠨ ᠴᠠᠭ ᠲᠤ᠌ ᠴᠢᠩᠭᠢᠰ ᠬᠠᠭᠠᠨ ᠳᠠᠷᠠᠭ᠎ᠠ ᠶ᠋ᠢᠨ ᠬᠠᠭᠠᠨ ᠣᠷᠣ ᠰᠠᠭᠤᠬᠤ ᠬᠥᠮᠦᠨ ᠢ᠋ᠶ᠋ᠡᠨ ᠬᠡᠯᠡᠯᠴᠡᠨ ᠪᠠᠢᠭᠰᠠᠨ ᠲᠡᠷᠡ ᠡᠳᠦᠷ ᠴᠠᠭᠠᠲᠠᠢ᠂ ᠵᠥᠴᠢ ᠬᠣᠶᠠᠷ ᠡᠨᠡ ᠦᠭᠡᠨ ᠡᠴᠡ ᠮᠠᠭᠤᠳᠠᠯᠴᠠᠵᠤ ᠶᠡᠬᠡ ᠬᠡᠷᠡᠭ ᠮᠠᠨᠳᠤᠵᠤ ᠪᠠᠢᠭᠰᠠᠨᠴᠢᠯᠠᠨ ᠡᠨᠡ ᠤᠳᠠᠭ᠎ᠠ ᠳ᠋ᠤ᠌ ᠴᠤ᠌ ᠲᠡᠭᠦᠨ ᠡᠴᠡ ᠳᠣᠣᠷ᠎ᠠ ᠬᠡᠷᠡᠭ ᠮᠠᠨᠳᠤᠬᠤ ᠨᠢ ᠲᠡᠷᠡ᠃ ᠬᠥᠪᠡᠭᠦᠳ ᠦ᠋ᠨ ᠳᠤᠮᠳᠠ ᠠ᠋ᠴᠠ ᠮᠥᠩᠬᠡ ᠪᠣᠰᠴᠤ᠂ ᠪᠠᠲᠤ ᠶ᠋ᠢᠨ ᠥᠭᠡᠳᠡ ᠡᠴᠡ ᠴᠠᠮᠨᠠᠨ ᠪᠠᠢᠭ᠎ᠠ ᠭᠦᠶᠦᠭ ᠦ᠋ᠨ ᠮᠥᠷᠦᠨ ᠡᠴᠡ ᠨᠢ ᠲᠠᠲᠠᠵᠤ ᠳᠣᠭᠣᠭᠰᠢ ᠰᠠᠭᠤᠯᠭᠠᠭᠠᠳ᠂
    —ᠭᠦᠶᠦᠭ ᠲᠠ ᠬᠠᠭᠠᠨ ᠤ᠋ ᠲᠣᠮᠣ ᠬᠦᠦ ᠬᠡᠳᠦᠢ ᠴᠦ᠍ ᠪᠢᠳᠡ ᠪᠦᠭᠦᠳᠡ ᠡᠵᠡᠨ ᠬᠠᠭᠠᠨ ᠤ᠋ ᠠᠴᠢ ᠨᠠᠷ᠂ ᠠᠯᠲᠠᠨ ᠤᠷᠤᠭ ᠤ᠋ᠨ ᠬᠠᠨ ᠬᠥᠪᠡᠭᠦᠳ᠃ ᠪᠠᠲᠤ ᠠᠬ᠎ᠠ ᠪᠣᠯ ᠪᠢᠳᠡᠨ ᠦ᠌ ᠳᠤᠮᠳᠠ ᠠ᠋ᠴᠠ ᠠᠬᠠᠮᠠᠳ ᠨᠢ ᠲᠤᠯᠠ ᠲᠡᠭᠦᠨ ᠦ᠌ ᠦᠭᠡ ᠶ᠋ᠢ ᠲᠦᠷᠦᠭᠦᠯᠡᠵᠦ ᠰᠣᠨᠣᠰᠬᠤ ᠨᠢ ᠵᠥᠪ ᠪᠤᠰᠤ ᠤᠤ? ᠭᠡᠬᠦ ᠳ᠋ᠦ᠍ ᠭᠦᠶᠦᠭ ᠬᠠᠯᠠᠮᠴᠠᠭᠤ ᠨᠢᠳᠦ ᠪᠡᠷ ᠮᠥᠩᠬᠡ ᠶ᠋ᠢᠨ ᠵᠦᠭ ᠵᠠᠨᠤᠯ ᠲᠠᠢ ᠪᠠᠷ ᠬᠠᠷᠠᠵᠤ᠂
      —ᠴᠢ ᠪᠢᠳᠡ ᠬᠣᠶᠠᠷ ᠲᠩᠷᠢ ᠳ᠋ᠦ᠍ ᠲᠡᠳᠬᠦᠭᠳᠡᠭᠰᠡᠨ ᠠᠬ᠎ᠠ ᠳᠡᠭᠦᠦ ᠠᠲᠠᠯ᠎ᠠ ᠴᠢ ᠬᠠᠭᠠᠨ ᠤ᠋ ᠬᠦᠦ ᠨᠠᠮᠠᠶ᠋ᠢ ᠡᠰᠡ ᠲᠣᠭᠣᠵᠤ ᠪᠠᠲᠤ ᠶ᠋ᠢ ᠥᠮᠥᠭᠯᠡᠵᠦ ᠪᠠᠢᠨ᠎ᠠ ᠤᠤ? ᠭᠡᠪᠡ᠃
ᠮᠥᠩᠬᠡ ᠭᠦᠶᠦᠭ ᠢ᠋ ᠲᠠᠢᠪᠤᠰᠢᠷᠠᠭᠤᠯᠬᠤ ᠶ᠋ᠢ ᠣᠷᠣᠯᠳᠣᠬᠤ ᠠᠪᠠᠴᠤ ᠲᠡᠷᠡ ᠠᠭᠤᠷᠰᠠᠭᠰᠠᠨ ᠬᠡᠪ ᠢ᠋ᠶ᠋ᠡᠷ᠂
    —ᠨᠤᠲᠤᠭ ᠠ᠋ᠴᠠ ᠭᠠᠷᠬᠤ ᠳ᠋ᠤ᠌ ᠵᠠᠬᠢᠭᠰᠠᠨ ᠡᠬᠡ ᠶ᠋ᠢᠨ ᠮᠢᠨᠢ ᠵᠠᠬᠢᠶᠠᠰᠤ ᠶᠢ ᠤᠮᠠᠷᠲᠠᠪᠠ ᠤᠤ? ᠪᠢᠳᠡ ᠡᠪ ᠲᠡᠢ ᠪᠠᠢᠵᠤ ᠴᠢᠳᠠᠭᠰᠠᠨ ᠦᠭᠡᠢ ᠭᠡᠵᠦ ᠮᠥᠩᠬᠡ ᠬᠡᠯᠡᠯ᠎ᠡ᠃
ᠭᠦᠶᠦᠭ ᠤᠤᠭᠤᠭᠰᠠᠨ ᠰᠠᠷᠬᠤᠳ᠂ ᠠᠭᠤᠷ ᠬᠣᠶᠠᠷ ᠢ᠋ᠶ᠋ᠠᠨ ᠪᠠᠷᠢᠵᠤ ᠴᠢᠳᠠᠬᠤ ᠦᠭᠡᠢ ᠪᠠᠢᠭ᠎ᠠ ᠪᠣᠯᠤᠯᠲᠠᠢ᠃ ᠲᠡᠷᠡ ᠪᠠᠲᠤ ᠳ᠋ᠤ᠌ ᠠᠭᠤᠷᠯᠠᠭᠠᠳ ᠵᠣᠭᠰᠣᠬᠤ ᠦᠭᠡᠢ᠂ ᠮᠥᠩᠬᠡ ᠳ᠋ᠦ᠍ ᠪᠠᠰᠠ ᠳᠤᠷ᠎ᠠ ᠦᠭᠡᠢ ᠨᠢ ᠬᠦᠷᠴᠦ ᠪᠠᠢᠯ᠎ᠠ᠃ ᠭᠦᠶᠦᠭ ᠮᠥᠩᠬᠡ ᠳ᠋ᠦ᠍᠂
    — ᠬᠠᠭᠠᠨ ᠡᠵᠡᠨ ᠦ᠌ ᠬᠦᠦ ᠶ᠋ᠢ ᠬᠦᠨᠳᠦᠯᠡᠬᠦ ᠦᠭᠡᠢ ᠪᠠᠢᠵᠤ᠂ ᠬᠠᠲᠤᠨ ᠡᠬᠡ ᠶ᠋ᠢᠨ ᠢ᠋ᠶ᠋ᠡᠨ ᠵᠠᠬᠢᠶᠠᠰᠤ  ᠶᠢ ᠪᠢᠳᠡᠨ ᠳ᠋ᠦ᠍ ᠰᠠᠨᠠᠭᠤᠯᠤᠨ᠎ᠠ ᠤᠤ ᠭᠡᠵᠦ ᠠᠭᠰᠤᠮᠨᠠᠭᠠᠳ ᠬᠤᠷᠤᠭᠤ ᠪᠠᠨ ᠴᠢᠴᠢᠨ ᠪᠠᠲᠤ ᠶ᠋ᠢ ᠵᠢᠭᠠᠵᠤ᠂
    — ᠴᠢ ᠪᠣᠯ ᠰᠠᠬᠠᠯ ᠲᠠᠢ ᠯᠠ ᠪᠣᠯᠬᠤ ᠠ᠋ᠴᠠ ᠴᠢᠪᠠᠭᠠᠨᠴᠠ ᠠ᠋ᠴᠠ ᠢᠯᠭᠠᠭ᠎ᠠ ᠦᠭᠡᠢ ᠭᠡᠵᠦ ᠨᠡᠮᠡᠵᠦ ᠬᠡᠯᠡᠪᠡ᠃ ᠠᠯᠲᠠᠨ ᠤᠷᠤᠭ ᠤ᠋ᠨ ᠬᠠᠨ ᠬᠥᠪᠡᠭᠦᠳ ᠦ᠋ᠨ ᠨᠠᠢᠷ ᠭᠤᠷᠪᠠᠯᠵᠢᠨ ᠳᠥᠷᠪᠡᠯᠵᠢᠨ ᠮᠠᠷᠭᠤᠭᠠᠨ ᠢ᠋ᠶ᠋ᠠᠷ ᠦᠷᠭᠦᠯᠵᠢᠯᠡᠯ᠎ᠡ᠃ ᠬᠡᠳᠦᠨ ᠠᠷᠪᠠᠨ ᠣᠷᠣᠨ ᠬᠣᠲᠠ ᠶ᠋ᠢ ᠡᠵᠡᠯᠡᠵᠦ᠂ ᠬᠡᠳᠦᠨ ᠰᠠᠶ᠎ᠠ ᠬᠥᠮᠦᠨ ᠢ᠋ ᠨᠢᠭᠡᠳᠬᠡᠭᠰᠡᠨ ᠡᠨᠡ ᠬᠦᠴᠦᠷᠬᠡᠭ ᠡᠷᠡᠰ ᠣᠳᠣ ᠪᠣᠯ ᠨᠢᠯᠬ᠎ᠠ ᠬᠡᠦᠬᠡᠳ ᠡᠴᠡ ᠳᠣᠣᠷ᠎ᠠ ᠠᠭᠠᠰᠢᠯᠠᠵᠤ ᠪᠠᠢᠯ᠎ᠠ᠃ ᠲᠥᠷᠥᠭᠰᠡᠨ ᠴᠠᠭ ᠠ᠋ᠴᠠ ᠯᠠ ᠬᠠᠭᠠᠨ ᠤ᠋ ᠤᠳᠤᠮ ᠤ᠋ᠨ ᠲᠠᠩᠰᠤᠭ ᠠᠮᠢᠳᠤᠷᠠᠯ ᠢ᠋ᠶ᠋ᠠᠷ ᠠᠮᠢᠳᠤᠷᠠᠵᠤ᠂ ᠥᠪᠡᠷᠰᠡᠳ ᠢ᠋ ᠪᠡᠨ ᠳᠡᠯᠡᠬᠡᠢ ᠶ᠋ᠢᠨ ᠡᠵᠡᠨ ᠭᠡᠮᠡᠨ ᠰᠡᠳᠬᠢᠵᠦ ᠥᠰᠦᠭᠰᠡᠨ ᠡᠨᠡ ᠵᠠᠯᠠᠭᠤᠰ ᠦᠨᠡᠨ ᠳ᠋ᠡᠭᠡᠨ ᠶᠠᠭᠤ ᠪᠠᠷ ᠴᠤ᠌ ᠳᠤᠲᠠᠭ᠎ᠠ ᠦᠭᠡᠢ᠃ ᠭᠠᠭᠴᠠ ᠬᠦ᠌ ᠲᠡᠳᠡᠨ ᠦ᠌ ᠰᠡᠳᠬᠢᠯ ᠵᠢᠷᠦᠬᠡᠨ ᠳ᠋ᠦ᠍ ᠪᠠᠳᠮᠠᠯᠠᠨ ᠥᠪᠡᠷ ᠥᠪᠡᠷ ᠦ᠋ᠨ ᠪᠠᠢᠷᠢ ᠪᠠᠨ ᠡᠵᠡᠯᠡᠭᠰᠡᠨ ᠪᠦᠭᠦᠳᠡ ᠶ᠋ᠢᠨ ᠡᠵᠡᠨ ᠪᠣᠯᠬᠤ ᠨᠢᠭᠤᠴᠠᠬᠠᠨ ᠬᠦᠰᠡᠯ ᠡᠨᠡ ᠤᠳᠠᠭ᠎ᠠ ᠳ᠋ᠤ᠌ ᠢᠯᠡ ᠭᠠᠷᠴᠤ᠂ ᠡᠨᠡ ᠲᠡᠮᠡᠴᠡᠯ ᠲᠡᠳᠡᠨ ᠢ᠋ ᠨᠠᠰᠤᠨ ᠲᠤᠷᠰᠢ ᠳ᠋ᠤᠨᠢ ᠬᠠᠭᠠᠷᠠᠯᠳᠤᠭᠤᠯᠤᠯ᠎ᠠ ᠃ ᠬᠥᠯ ᠲᠣᠯᠣᠭᠠᠢ ᠪᠠᠨ ᠣᠯᠬᠤ ᠦᠭᠡᠢ ᠰᠢᠷᠦᠭᠦᠨ ᠲᠡᠮᠡᠴᠡᠯᠳᠦᠭᠡᠨ ᠦ᠌ ᠳᠠᠷᠠᠭ᠎ᠠ ᠪᠠᠲᠤ ᠥᠪᠡᠷ ᠦ᠋ᠨ ᠤᠷᠲᠤ ᠦᠷᠭᠦᠭᠡᠨ ᠡᠴᠡ ᠬᠥᠶᠦᠭ᠂ ᠪᠤᠷᠭᠢ ᠨᠠᠷ ᠢ᠋ ᠬᠥᠭᠡᠭᠡᠨ ᠶᠠᠪᠤᠭᠤᠯᠵᠤ᠂ ᠡᠨᠡ ᠬᠡᠷᠡᠭ ᠶᠠᠪᠤᠳᠠᠯ ᠲᠦᠷ ᠨᠠᠮᠵᠢᠪᠠ᠃ ᠲᠡᠷᠡ ᠶᠠᠪᠤᠳᠠᠯ ᠤ᠋ᠨ ᠳᠠᠷᠠᠭᠠᠬᠠᠨ ᠪᠠᠲᠤ ᠮᠣᠩᠭᠣᠯ ᠤ᠋ᠨ ᠲᠠᠯ᠎ᠠ ᠨᠤᠲᠤᠭ ᠤᠷᠤᠭᠤ ᠡᠯᠴᠢ ᠢᠯᠡᠭᠡᠵᠦ᠂ ᠥᠭᠡᠳᠡᠢ ᠬᠠᠭᠠᠨ ᠳ᠋ᠤ᠌ ᠡᠨᠡ ᠬᠡᠷᠡᠭ ᠶᠠᠪᠤᠳᠠᠯ ᠤ᠋ᠨ ᠲᠠᠯ᠎ᠠ ᠪᠠᠷ ᠮᠡᠳᠡᠭᠦᠯᠦᠭᠰᠡᠨ ᠳᠠᠷᠤᠢ ᠳ᠋ᠤ᠌ ᠭᠦᠶᠦᠭ᠂ ᠪᠤᠷᠭᠢ ᠶ᠋ᠢᠨ ᠬᠠᠮᠲᠤ ᠨᠤᠲᠤᠭ ᠤ᠋ᠨ ᠵᠦᠭ ᠬᠦᠯᠦᠭ ᠦ᠋ᠨ ᠵᠢᠯᠣᠭᠣ ᠵᠠᠯᠠᠯ᠎ᠠ᠃ ᠪᠠᠲᠤ ᠠᠶᠠᠨ ᠲᠡᠢᠨ ᠢ᠋ᠶ᠋ᠡᠨ ᠴᠠᠭᠠᠰᠢ ᠦᠷᠭᠦᠯᠵᠢᠯᠡᠭᠦᠯᠦᠨ ᠡᠵᠡᠨᠲᠦ ᠭᠦᠷᠦᠨ ᠦ᠌ ᠭᠠᠵᠠᠷ ᠨᠤᠲᠤᠭ ᠢ᠋ ᠲᠡᠯᠡᠬᠦ ᠪᠡᠷ ᠮᠣᠷᠳᠠᠪᠠ᠃ ᠭᠦᠶᠦᠭ ᠢᠩᠭᠢᠵᠦ ᠨᠤᠲᠤᠭ ᠤ᠋ᠨ ᠵᠦᠭ ᠬᠦᠯᠦᠭ ᠦ᠋ᠨ ᠵᠢᠯᠣᠭᠣ ᠵᠠᠯᠠᠭᠰᠠᠨ ᠨᠢ ᠥᠩᠭᠡᠨ ᠳᠡᠭᠡᠷ᠎ᠡ ᠪᠡᠨ ᠪᠠᠲᠤ ᠲᠠᠢ ᠬᠠᠭᠠᠷᠠᠭᠰᠠᠨ ᠬᠠᠭᠠᠷᠠᠯ ᠮᠡᠲᠦ ᠬᠠᠷᠠᠭᠳᠠᠪᠠᠴᠤ ᠴᠠᠭᠠᠳᠤ ᠰᠠᠨᠠᠭ᠎ᠠ ᠨᠢ ᠬᠠᠭᠠᠨ ᠣᠷᠣ ᠵᠠᠯᠭᠠᠬᠤ ᠬᠥᠮᠦᠨ ᠦᠭᠡᠢ ᠪᠣᠯᠵᠤ ᠥᠭᠡᠳᠡᠢ ᠬᠠᠭᠠᠨ ᠥᠪᠡᠷ ᠦ᠋ᠨ ᠣᠷᠣ ᠵᠠᠯᠭᠠᠮᠵᠢᠯᠠᠭᠴᠢ ᠪᠠᠷ ᠬᠡᠨ ᠨᠢᠭᠡᠨ ᠢ᠋ ᠳᠠᠬᠢᠨ ᠵᠠᠷᠯᠠᠬᠤ ᠪᠣᠯᠵᠤ ᠪᠠᠢᠭ᠎ᠠ ᠲᠠᠢ ᠬᠣᠯᠪᠣᠭ᠎ᠠ ᠲᠠᠢ ᠪᠠᠢᠯ᠎ᠠ᠃ ᠭᠦᠶᠦᠭ ᠪᠣᠯ ᠥᠭᠡᠳᠡᠢ ᠬᠠᠭᠠᠨ ᠤ᠋ ᠤᠤᠭᠠᠨ ᠬᠦᠦ᠂ ᠬᠠᠭᠠᠨ ᠤ᠋ ᠦᠷ᠎ᠡ ᠬᠠᠭᠠᠨ ᠪᠣᠯᠳᠠᠭ ᠪᠣᠯ ᠭᠦᠶᠦᠭ ᠡᠨᠡ ᠤᠳᠠᠭ᠎ᠠ ᠳ᠋ᠤ᠌ ᠬᠠᠭᠠᠨ ᠠᠪᠤ ᠶ᠋ᠢᠨ ᠣᠷᠣ ᠵᠠᠯᠭᠠᠬᠤ ᠬᠥᠮᠦᠨ ᠮᠥᠨ ᠡᠴᠡ ᠮᠥᠨ ᠭᠡᠮᠡᠨ ᠪᠣᠳᠣᠵᠤ ᠶᠠᠪᠤᠯ᠎ᠠ᠃
       ᠣᠷᠴᠢᠯᠠᠩ ᠤ᠋ᠨ ᠥᠩᠭᠡ ᠶ᠋ᠢ ᠲᠣᠳᠣᠷᠠᠭᠤᠯᠤᠨ ᠭᠡᠢᠭᠴᠢ ᠨᠠᠷᠠᠨ ᠬᠡᠳᠦᠨᠲᠡ ᠮᠠᠨᠳᠤᠨ ᠵᠢᠷᠭᠠᠵᠤ᠂ ᠭᠠᠵᠠᠷ ᠳᠡᠯᠡᠬᠡᠢ ᠡᠳᠦᠷ ᠬᠣᠨᠣᠭ ᠢ᠋ ᠨᠢᠭᠡ ᠨᠢᠭᠡ ᠪᠡᠷ ᠲᠣᠭᠠᠯᠠᠭᠰᠠᠭᠠᠷ ᠠᠬᠤᠢ ᠳ᠋ᠤ᠌ ᠲᠥᠷᠥ ᠶ᠋ᠢᠨ ᠬᠡᠷᠡᠭ ᠢ᠋ ᠬᠠᠮᠢᠶᠠᠷᠤᠨ ᠦᠯᠡᠳᠡᠭᠰᠡᠨ ᠰᠣᠷᠬᠠᠭᠲᠠᠨᠢ ᠬᠠᠲᠤᠨ ᠤ᠋ ᠬᠤᠪᠢ ᠳ᠋ᠤ᠌ ᠬᠢᠬᠦ ᠠᠵᠢᠯ᠂ ᠰᠢᠢᠳᠪᠦᠷᠢᠯᠡᠬᠦ ᠠᠰᠠᠭᠤᠳᠠᠯ ᠮᠤᠩᠳᠠᠬᠤ ᠦᠭᠡᠢ ᠶᠡᠬᠡ ᠭᠠᠷᠤᠭᠰᠠᠭᠠᠷ᠂ ᠲᠡᠷᠡ ᠪᠦᠷᠢ ᠳ᠋ᠦ᠍ ᠥᠪᠡᠷ ᠦ᠋ᠨ ᠴᠡᠴᠡᠨ ᠤᠬᠠᠭᠠᠨ᠂ ᠬᠣᠯᠠᠴᠢ ᠬᠠᠷᠠᠭ᠎ᠠ ᠪᠠᠷ ᠢ᠋ᠶ᠋ᠠᠨ ᠤᠴᠢᠷ ᠵᠦᠢ ᠶ᠋ᠢ ᠨᠢ ᠣᠯᠤᠭᠰᠠᠭᠠᠷ ᠲᠡᠷᠡ ᠨᠢᠭᠡᠨ ᠡᠳᠦᠷ ᠲᠡᠢ ᠵᠣᠯᠭᠠᠪᠠ᠃
        ᠬᠠᠭᠠᠨ ᠡᠵᠡᠨ ᠥᠭᠡᠳᠡᠢ᠂ ᠠᠶᠠᠨ ᠲᠡᠢᠨ ᠡᠴᠡ ᠪᠤᠴᠠᠨ ᠢᠷᠡᠵᠦ ᠶᠠᠪᠤᠭ᠎ᠠ ᠮᠡᠳᠡᠭᠡ ᠲᠠᠯ᠎ᠠ ᠨᠤᠲᠤᠭ ᠲᠤ ᠢᠷᠡᠭᠰᠡᠨ ᠢ᠋ᠶ᠋ᠡᠷ ᠬᠠᠲᠤᠨ ᠲᠥᠷᠥ ᠶ᠋ᠢᠨ ᠣᠯᠠᠨ ᠠᠰᠠᠭᠤᠳᠠᠯ ᠳ᠋ᠤ᠌ ᠲᠣᠯᠣᠭᠠᠢ ᠡᠪᠡᠳᠦᠨ ᠰᠠᠭᠤᠬᠤ ᠦᠭᠡᠢ ᠪᠣᠯᠵᠤ᠂ ᠰᠠᠶᠢ ᠨᠢᠭᠡ ᠰᠤᠳᠤᠷ ᠨᠣᠮ ᠤ᠋ᠨ ᠬᠠᠭᠤᠳᠠᠰᠤ ᠡᠷᠭᠢᠭᠦᠯᠦᠨ ᠱᠠᠭᠠᠢᠬᠤ ᠵᠠᠪ ᠴᠢᠯᠥᠭᠡ ᠢᠷᠡᠵᠦ ᠪᠣᠢ ᠶ᠋ᠢ ᠮᠡᠳᠡᠷᠡᠪᠡ᠃ ᠡᠨᠡ ᠪᠣᠯ ᠭᠤᠷᠪᠠᠨ ᠵᠢᠯ ᠭᠠᠷᠤᠢ ᠦᠷᠭᠦᠯᠵᠢᠯᠡᠭᠰᠡᠨ ᠶᠡᠬᠡ ᠠᠶᠠᠨ ᠲᠡᠢᠨ ᠰᠠᠶᠢ ᠨᠢᠭᠡ ᠲᠦᠷ ᠠᠮᠤᠰᠬᠢᠵᠦ ᠰᠥᠩ ᠤᠯᠤᠰ ᠨᠠᠢᠷᠠᠮᠳᠠᠯ ᠤ᠋ᠨ ᠭᠡᠷ᠎ᠡ ᠪᠠᠢᠭᠤᠯᠬᠤ ᠰᠠᠨᠠᠯ ᠲᠠᠯᠪᠢᠵᠤ᠂ ᠬᠣᠶᠠᠷ ᠲᠠᠯ᠎ᠠ ᠠ᠋ᠴᠠ ᠬᠡᠯᠡᠯᠴᠡᠭᠡᠷ ᠬᠢᠵᠦ ᠨᠠᠢᠷᠠᠮᠳᠠᠭᠰᠠᠨ ᠪᠠᠢᠯ᠎ᠠ᠃ ᠡᠨᠡ ᠬᠡᠯᠡᠯᠴᠡᠭᠡᠷ ᠦ᠋ᠨ ᠳ᠋ᠦᠩ ᠳ᠋ᠦ᠍ ᠰᠥᠩ ᠤᠯᠤᠰ ᠶᠡᠬᠡ ᠮᠣᠩᠭᠣᠯ ᠤᠯᠤᠰ ᠲᠤ ᠵᠢᠯ ᠪᠦᠷᠢ ᠬᠣᠶᠠᠷ ᠵᠠᠭᠤᠨ ᠮᠢᠩᠭᠠᠨ ᠯᠠᠩ ᠮᠥᠩᠭᠥ᠂ ᠬᠣᠶᠠᠷ ᠵᠠᠭᠤᠨ ᠮᠢᠩᠭᠠᠨ ᠬᠤᠢ ᠲᠣᠷᠭ᠎ᠠ ᠲᠥᠯᠥᠬᠦ ᠡᠭᠦᠷᠭᠡ ᠬᠦᠯᠢᠶᠡᠵᠡᠢ᠃ ᠲᠠᠯ᠎ᠠ ᠨᠤᠲᠤᠭ ᠲᠤ ᠠᠶᠠᠨ ᠲᠡᠢᠨ ᠦ᠌ ᠴᠢᠮᠡᠭᠡ ᠢᠯᠠᠯᠲᠠ ᠶ᠋ᠢᠨ ᠤᠤᠬᠠᠢ ᠲᠠᠢ ᠬᠠᠮᠲᠤ ᠢᠷᠡᠵᠦ ᠪᠠᠶᠠᠷ ᠠᠪᠴᠤ ᠢᠷᠡᠳᠡᠭ ᠶᠣᠰᠣᠭᠠᠷ ᠥᠭᠡᠳᠡᠢ ᠬᠠᠭᠠᠨ ᠡᠬᠡ ᠨᠤᠲᠤᠭ ᠲᠠᠭᠠᠨ ᠢᠷᠡᠯ᠎ᠡ᠃
    ᠲᠠᠯ᠎ᠠ ᠶ᠋ᠢᠨ ᠰᠠᠯᠬᠢᠨ ᠳ᠋ᠤ᠌ ᠡᠬᠡ ᠨᠤᠲᠤᠭ ᠤ᠋ᠨ ᠠᠭᠠᠷ ᠴᠡᠭᠡᠵᠢ ᠳᠦᠭᠦᠷᠡᠩ ᠠᠮᠢᠰᠬᠤᠯᠯᠠᠨ ᠵᠣᠭᠰᠣᠬᠤ ᠥᠭᠡᠳᠡᠢ ᠬᠠᠭᠠᠨ ᠤ᠋ ᠶᠡᠬᠡ ᠴᠡᠷᠢᠭ ᠠᠶᠠᠨ ᠲᠡᠢᠨ ᠦ᠌ ᠣᠯᠵᠠ ᠣᠮᠣᠭ ᠢ᠋ᠶ᠋ᠠᠨ ᠡᠬᠡ ᠨᠤᠲᠤᠭ ᠲᠠᠭᠠᠨ ᠪᠠᠭᠤᠯᠭᠠᠵᠤ ᠪᠠᠢᠪᠠ᠃ ᠤᠷᠢᠳᠤ ᠶᠡᠬᠡ ᠴᠡᠷᠢᠭ ᠢ᠋ᠶ᠋ᠡᠨ ᠬᠥᠳᠡᠯᠭᠡᠨ ᠲᠡᠢᠨ ᠳ᠋ᠦ᠍ ᠶᠠᠪᠤᠭᠰᠠᠨ ᠠ᠋ᠴᠠ ᠳᠠᠷᠤᠢ ᠬᠡᠳᠦ ᠳᠠᠬᠢᠨ ᠢᠯᠡᠭᠦᠦ ᠨᠡᠭᠦᠳᠡᠯ ᠮᠣᠩᠭᠣᠯ ᠤ᠋ᠨ ᠲᠠᠯ᠎ᠠ ᠨᠤᠲᠤᠭ ᠲᠤ ᠢᠷᠡᠵᠦ ᠪᠠᠭᠤᠪᠠ᠃ ᠮᠠᠯ ᠠᠮᠢᠲᠠᠨ ᠠ᠋ᠴᠠ ᠡᠬᠢᠯᠡᠭᠡᠳ ᠶᠢᠰᠦᠨ ᠵᠦᠢᠯ ᠦ᠋ᠨ ᠡᠳ᠋ ᠪᠠᠷᠠᠭ᠎ᠠ᠂ ᠦᠨᠡᠲᠦ ᠡᠳ᠋ᠯᠡᠯ᠂ ᠵᠠᠭᠠᠨ ᠤ᠋ ᠰᠣᠶᠣᠭ᠎ᠠ᠂ ᠠᠯᠲᠠᠨ ᠪᠦᠰᠡ᠂ ᠬᠤᠨᠳᠠᠭ᠎ᠠ᠂ ᠬᠤᠢ ᠪᠠᠷ ᠲᠣᠷᠭ᠎ᠠ᠂ ᠬᠤᠨᠵᠠ ᠪᠠᠷ ᠴᠠᠢ᠂ ᠡᠯᠳᠡᠪ ᠠᠮᠲᠠᠲᠠᠨ ᠲᠡᠷᠢᠭᠦᠲᠡᠨ ᠲᠡᠷᠭᠡ ᠲᠡᠷᠭᠡ ᠪᠠᠭᠤᠨ᠎ᠠ᠃ ᠳᠡᠯᠡᠬᠡᠢ ᠶ᠋ᠢ ᠡᠵᠡᠯᠡᠭᠰᠡᠨ ᠶᠡᠬᠡ ᠭᠦᠷᠦᠨ ᠦ᠌ ᠪᠠᠶᠠᠯᠢᠭ ᠳᠠᠭᠤᠰᠴᠤ ᠲᠤᠨᠲᠠᠷᠠᠰᠢ ᠦᠭᠡᠢ ᠮᠡᠲᠦ ᠠᠷᠪᠢᠵᠢᠭᠰᠠᠭᠠᠷ᠃
      ᠬᠠᠭᠠᠨ ᠡᠵᠡᠨ ᠭᠤᠷᠪᠠᠨ ᠵᠢᠯ ᠦ᠋ᠨ ᠡᠮᠦᠨᠡᠬᠢ ᠡᠴᠡ ᠢᠯᠡᠭᠦᠦ ᠪᠤᠭᠤᠷᠤᠯ ᠰᠠᠭᠤᠵᠤ ᠮᠠᠩᠨᠠᠢ ᠨᠢ ᠦᠷᠴᠢᠯᠡᠭᠡ ᠨᠡᠮᠡᠭᠳᠡᠨ ᠬᠠᠷᠠᠭᠳᠠᠨ᠎ᠠ᠃ ᠰᠠᠷᠬᠤᠳ ᠲᠤ ᠶᠡᠬᠡᠳᠡ ᠰᠢᠨᠤᠭᠯᠠᠬᠤ ᠪᠣᠯᠤᠭᠰᠠᠨ ᠨᠢ ᠢᠯᠡᠳᠲᠡ᠂ ᠨᠢᠳᠦ ᠨᠢ ᠰᠡᠯᠬᠡᠢᠵᠦ᠂ ᠵᠣᠪᠬᠢ ᠨᠢ ᠤᠨᠵᠢᠭᠰᠠᠨ ᠪᠠᠢᠯ᠎ᠠ᠃ ᠥᠭᠡᠳᠡᠢ ᠬᠠᠭᠠᠨ ᠤ᠋ ᠪᠠᠢᠷᠢ ᠪᠠᠢᠳᠠᠯ ᠢ᠋ ᠠᠵᠢᠭᠯᠠᠨ ᠬᠠᠷᠠᠪᠠᠯ᠂ ᠰᠡᠳᠬᠢᠯ ᠰᠠᠨᠠᠭ᠎ᠠ ᠨᠢ ᠬᠦᠨᠳᠦᠬᠡᠨ ᠪᠠᠢᠭ᠎ᠠ ᠨᠢ ᠢᠯᠡᠳᠲᠡ᠃ ᠲᠡᠷᠡ ᠲᠡᠢᠨ ᠦ᠌ ᠣᠯᠵᠠ ᠣᠮᠣᠭ ᠠ᠋ᠴᠠ ᠢᠯᠡᠭᠦᠦ ᠲᠡᠢ ᠭᠠᠷᠤᠵᠠ ᠬᠣᠬᠢᠷᠠᠯ ᠠᠮᠰᠠᠵᠠᠢ᠃ ᠥᠪᠡᠷ ᠦ᠋ᠨ ᠠᠷᠤ ᠠ᠋ᠴᠠ ᠬᠠᠭᠠᠨ ᠣᠷᠣ ᠰᠠᠭᠤᠨ᠎ᠠ ᠭᠡᠵᠦ ᠢᠲᠡᠭᠡᠵᠦ ᠶᠠᠪᠤᠭᠰᠠᠨ ᠬᠠᠢᠷᠠᠲᠠᠢ ᠬᠦᠦ ᠪᠡᠨ ᠳᠠᠭᠠᠭᠤᠯᠤᠨ ᠶᠠᠪᠤᠭᠰᠠᠨ ᠥᠭᠡᠳᠡᠢ᠂ ᠡᠴᠢᠭᠡ ᠬᠥᠮᠦᠨ ᠦ᠌ ᠬᠠᠭᠠᠴᠠᠯ ᠢ᠋ ᠠᠮᠰᠠᠨ ᠬᠦᠴᠦ ᠬᠦᠦ ᠪᠡᠨ ᠬᠥᠮᠦᠨ ᠦ᠌ ᠨᠤᠲᠤᠭ ᠤ᠋ᠨ ᠬᠥᠷᠥᠰᠥ ᠰᠢᠷᠣᠢ ᠶ᠋ᠢᠨ ᠳᠣᠣᠷ᠎ᠠ ᠡᠭᠦᠷᠢᠳᠡ ᠶ᠋ᠢᠨ ᠠᠮᠤᠭᠤᠯᠠᠩ ᠢ᠋ᠶ᠋ᠠᠷ ᠨᠣᠢᠷᠰᠤᠭᠤᠯᠤᠭᠠᠳ ᠢᠷᠡᠵᠡᠢ᠃ ᠬᠠᠭᠠᠨᠲᠤ ᠲᠥᠷᠥ᠂ ᠭᠠᠵᠠᠷ ᠨᠤᠲᠤᠭ᠂ ᠬᠥᠮᠦᠨ ᠠᠮᠠ ᠪᠠᠨ ᠠᠯᠳᠠᠬᠤ ᠲᠠᠢ ᠠᠳᠠᠯᠢ᠂ ᠡᠴᠢᠭᠡ ᠬᠥᠮᠦᠨ ᠳ᠋ᠦ᠍ ᠦᠷ᠎ᠡ ᠬᠡᠦᠬᠡᠳ ᠢ᠋ᠶ᠋ᠡᠨ ᠠᠯᠳᠠᠨ᠎ᠠ ᠭᠡᠳᠡᠭ ᠶᠠᠭᠤᠲᠠᠢ ᠭᠠᠰᠠᠯᠠᠩ ᠪᠢᠯᠡ᠃ ᠶᠡᠬᠡ ᠮᠣᠩᠭᠣᠯ ᠤᠯᠤᠰ ᠤ᠋ᠨ ᠬᠦᠴᠦᠷᠬᠡᠭ ᠬᠠᠭᠠᠨ ᠬᠡᠳᠦᠢ ᠴᠦ᠍ ᠡᠨᠡ ᠯᠡ ᠭᠠᠵᠠᠷ ᠳᠡᠯᠡᠬᠡᠢ ᠳᠡᠭᠡᠷ᠎ᠡ ᠡᠷᠦᠬᠡ ᠪᠡᠨ ᠲᠠᠲᠠᠵᠤ᠂ ᠭᠠᠯ ᠢ᠋ᠶ᠋ᠠᠨ ᠠᠰᠠᠭᠠᠭᠰᠠᠨ ᠡᠷ᠎ᠡ ᠬᠥᠮᠦᠨ ᠦ᠌ ᠬᠤᠪᠢ ᠳ᠋ᠤ᠌ ᠡᠨᠡ ᠵᠣᠪᠠᠯᠠᠩ ᠢ᠋ ᠭᠡᠲᠦᠯᠭᠡᠵᠦ ᠶᠠᠪᠤᠨ᠎ᠠ᠃
      ᠲᠥᠷᠥ ᠶ᠋ᠢᠨ ᠬᠡᠷᠡᠭ ᠢ᠋ ᠵᠠᠰᠠᠵᠤ ᠦᠯᠡᠳᠡᠭᠰᠡᠨ ᠰᠤᠷᠬᠠᠭᠲᠠᠨᠢ ᠬᠠᠲᠤᠨ᠂ ᠰᠠᠢᠳ ᠲᠦᠰᠢᠮᠡᠳ ᠦ᠋ᠨ ᠬᠠᠮᠲᠤ ᠬᠠᠭᠠᠨ ᠡᠵᠡᠨ ᠢ᠋ ᠲᠣᠰᠣᠨ ᠠᠪᠤᠯ᠎ᠠ᠃ ᠬᠠᠭᠠᠨ ᠤ᠋ ᠬᠠᠲᠤᠳ᠂ ᠬᠠᠨ ᠬᠥᠪᠡᠭᠦᠳ ᠲᠡᠭᠦᠨ ᠢ᠋ ᠳᠠᠭᠠᠯᠳᠤᠵᠠᠢ᠃ ᠬᠠᠷᠠᠬᠣᠷᠣᠮ ᠳ᠋ᠤ᠌ ᠪᠠᠭᠤᠬᠤ ᠶᠡᠬᠡ ᠴᠡᠷᠢᠭ ᠦ᠋ᠳ ᠲᠥᠷᠥᠯᠬᠢ ᠨᠤᠲᠤᠭ ᠤ᠋ᠨ ᠢ᠋ᠶ᠋ᠠᠨ ᠠᠭᠠᠷ ᠢ᠋ ᠴᠡᠭᠡᠵᠢ ᠳᠦᠭᠦᠷᠡᠩ ᠠᠮᠢᠰᠬᠤᠯᠯᠠᠨ ᠵᠣᠭᠰᠣᠨ᠎ᠠ᠃ ᠭᠡᠷ ᠲᠡᠷᠭᠡᠨ ᠡᠴᠡ ᠪᠠᠭᠤᠨ ᠢᠷᠡᠵᠦ ᠪᠣᠢ ᠬᠠᠭᠠᠨ ᠡᠵᠡᠨ ᠦ᠌ ᠥᠭᠡᠳᠡ ᠡᠴᠡ ᠬᠦᠷᠴᠦ ᠣᠴᠢᠭᠰᠠᠨ ᠰᠤᠷᠬᠠᠭᠲᠠᠨᠢ ᠬᠠᠲᠤᠨ᠂ ᠠᠮᠤᠷ ᠮᠡᠨᠳᠦ ᠶ᠋ᠢ ᠨᠢ ᠮᠡᠳᠡᠨ ᠤᠭᠲᠤᠪᠠ᠃ ᠳᠡᠯᠡᠬᠡᠢ ᠶ᠋ᠢᠨ ᠲᠠᠯ᠎ᠠ ᠶ᠋ᠢ ᠡᠵᠡᠯᠡᠭᠰᠡᠨ ᠬᠦᠴᠦᠷᠬᠡᠭ ᠭᠦᠷᠦᠨ ᠦ᠌ ᠨᠡᠢᠰᠯᠡᠯ ᠬᠠᠷᠠᠬᠣᠷᠣᠮ ᠥᠨᠥ ᠪᠦᠷ ᠴᠦ᠍ ᠬᠥᠯ ᠬᠥᠳᠡᠯᠭᠡᠭᠡᠨ ᠶᠡᠬᠡ ᠲᠡᠢ ᠪᠣᠯᠵᠠᠢ᠃ ᠬᠠᠭᠠᠨ ᠡᠵᠡᠨ ᠦ᠌ ᠠᠶᠠᠨ ᠲᠡᠢᠨ ᠡᠴᠡ ᠡᠷᠭᠢᠵᠦ ᠢᠷᠡᠵᠦ ᠪᠣᠢ ᠰᠤᠷᠠᠭ ᠢ᠋ᠶ᠋ᠠᠷ ᠲᠡᠢᠨ ᠳ᠋ᠦ᠍ ᠮᠣᠷᠳᠠᠭᠰᠠᠨ ᠦᠷ᠎ᠡ ᠬᠥᠪᠡᠭᠦᠳ ᠢ᠋ᠶ᠋ᠡᠨ ᠡᠰᠡᠨ ᠮᠡᠨᠳᠦ ᠡᠰᠡᠬᠦ ᠶ᠋ᠢ ᠮᠡᠳᠡᠵᠦ᠂ ᠣᠯᠠᠨ ᠵᠢᠯ ᠦ᠋ᠨ ᠲᠤᠷᠰᠢ ᠰᠠᠨᠠᠭᠰᠠᠨ ᠰᠡᠳᠬᠢᠯ ᠢ᠋ᠶ᠋ᠡᠨ ᠲᠠᠢᠯᠬᠤ ᠪᠠᠷ ᠳᠥᠷᠪᠡᠨ ᠵᠦᠭ ᠨᠠᠢ᠍ᠮᠠᠨ ᠵᠣᠪᠬᠢᠰ ᠠ᠋ᠴᠠ ᠨᠠᠰᠤᠲᠠᠨ ᠪᠤᠭᠤᠷᠤᠯ ᠤ᠋ᠳ᠂ ᠬᠡᠦᠬᠡᠳ ᠡᠮᠡᠭᠲᠡᠢᠴᠦᠳ ᠬᠠᠷᠠᠬᠣᠷᠣᠮ ᠳ᠋ᠤ᠌ ᠢᠷᠡᠭᠰᠡᠨ ᠪᠠᠢᠯ᠎ᠠ᠃ ᠭᠤᠷᠪᠠᠨ ᠵᠢᠯ ᠦ᠋ᠨ ᠰᠤᠷᠠᠭ ᠴᠢᠮᠡᠭᠡ ᠦᠭᠡᠢ ᠪᠠᠢᠳᠠᠯ ᠡᠴᠦᠰ ᠪᠣᠯᠵᠤ᠂ ᠲᠩᠷᠢ ᠪᠤᠷᠬᠠᠨ ᠳ᠋ᠠᠭᠠᠨ ᠰᠥᠰᠥᠯᠡᠨ ᠵᠠᠯᠪᠠᠷᠢᠵᠤ᠂ ᠢᠳᠡᠭᠡ ᠴᠠᠭ᠎ᠠ ᠶ᠋ᠢᠨ ᠢ᠋ᠶ᠋ᠡᠨ ᠳᠡᠭᠡᠵᠢ ᠶ᠋ᠢ ᠡᠷᠭᠦᠵᠦ ᠰᠠᠭᠤᠭᠰᠠᠨ ᠡᠬᠡᠴᠦᠳ᠂ ᠣᠯᠠᠨ ᠬᠣᠯᠬᠢᠭᠰᠠᠨ ᠶᠡᠬᠡ ᠴᠡᠷᠢᠭ ᠦ᠋ᠨ ᠳᠤᠮᠳᠠ ᠠ᠋ᠴᠠ ᠦᠷᠡᠰ ᠢ᠋ᠶ᠋ᠡᠨ ᠬᠠᠢᠨ ᠪᠠᠢᠭ᠎ᠠ ᠬᠠᠷᠠᠴᠠ ᠶ᠋ᠢ ᠵᠦᠢᠷᠯᠡᠨ ᠬᠡᠯᠡᠬᠦ ᠦᠭᠡ ᠶᠠᠭᠤ ᠪᠢᠯᠡ᠃ ᠲᠡᠳᠡᠨ ᠦ᠌ ᠴᠣᠷᠭᠢᠭᠰᠠᠨ ᠨᠢᠳᠦᠨ ᠳ᠋ᠦ᠍ ᠲᠦᠭᠰᠢᠭᠦᠷᠢ᠂ ᠪᠠᠶᠠᠷ ᠪᠠᠶᠠᠰᠬᠤᠯᠠᠩ ᠠᠯᠢ ᠨᠢ ᠲᠣᠳᠣᠷᠠᠨ ᠭᠡᠢᠬᠦ ᠶ᠋ᠢ ᠮᠥᠩᠬᠡ ᠲᠡᠭᠷᠢ ᠯᠡ ᠮᠡᠳᠡᠵᠦ ᠪᠠᠢᠭ᠎ᠠ᠃
    ᠬᠠᠭᠠᠨ ᠡᠵᠡᠨ ᠬᠠᠷᠠᠬᠣᠷᠣᠮ ᠳ᠋ᠤ᠌ ᠡᠷᠭᠢᠨ ᠢᠷᠡᠭᠡᠳ ᠰᠤᠷᠬᠠᠭᠲᠠᠨᠢ ᠬᠠᠲᠤᠨ ᠢ᠋ ᠳᠠᠭᠤᠳᠠᠭᠤᠯᠵᠠᠢ᠃ ᠥᠭᠡᠳᠡᠢ ᠬᠠᠭᠠᠨ ᠦᠷᠭᠦᠭᠡᠨ ᠳ᠋ᠡᠭᠡᠨ ᠲᠥᠷᠥ ᠶ᠋ᠢᠨ ᠰᠠᠢᠳ ᠶᠸᠯᠢᠤᠢ ᠴᠦᠼᠠᠢ ᠶ᠋ᠢᠨ ᠬᠠᠮᠲᠤ ᠰᠠᠭᠤᠵᠤ ᠪᠠᠢᠯ᠎ᠠ᠃ ᠶᠡᠬᠡ ᠡᠵᠡᠨ ᠬᠠᠭᠠᠨ ᠤ᠋ ᠦᠶ᠎ᠡ ᠡᠴᠡ ᠤᠬᠠᠭᠠᠨ ᠪᠢᠯᠢᠭ ᠢ᠋ᠶ᠋ᠡᠷ ᠢ᠋ᠶ᠋ᠡᠨ ᠣᠨᠴᠠᠭᠠᠢᠷᠠᠭᠰᠠᠨ ᠡᠨᠡ ᠬᠥᠮᠦᠨ ᠥᠨᠥ ᠴᠦ᠍ ᠥᠭᠡᠳᠡᠢ ᠬᠠᠭᠠᠨ ᠳ᠋ᠤ᠌ ᠥᠪᠡᠷ ᠦ᠋ᠨ ᠬᠦᠴᠦ ᠪᠡᠨ ᠵᠣᠷᠢᠭᠤᠯᠵᠤ ᠶᠠᠪᠤᠭ᠎ᠠ ᠶᠤᠮ᠃ ᠥᠭᠡᠳᠡᠢ ᠬᠠᠭᠠᠨ ᠤ᠋ ᠡᠮᠦᠨ᠎ᠡ ᠵᠦᠭ ᠲᠦ᠍ ᠬᠢᠭᠰᠡᠨ ᠲᠡᠢᠨ ᠦ᠌ ᠦᠶ᠎ᠡ ᠪᠡᠷ ᠨᠢᠭᠡᠨ ᠭᠠᠵᠠᠷ ᠨᠤᠲᠤᠭ ᠢ᠋ ᠡᠵᠡᠯᠡᠨ᠂ ᠮᠠᠯ ᠤ᠋ᠨ ᠪᠡᠯᠴᠢᠭᠡᠷ ᠪᠣᠯᠭᠠᠬᠤ ᠰᠠᠨᠠᠯ ᠢ᠋ ᠬᠠᠭᠠᠨ ᠡᠵᠡᠨ ᠳ᠋ᠦ᠍ ᠭᠠᠷᠭᠠᠬᠤ ᠳ᠋ᠤ᠌ ᠶᠸᠯᠢᠥᠢ ᠴᠦᠼᠠᠢ ᠤᠷᠠᠨ ᠤᠬᠠᠭᠠᠨ ᠰᠡᠳᠦᠵᠦ《ᠮᠠᠯ ᠤ᠋ᠨ ᠪᠡᠯᠴᠢᠭᠡᠷ ᠪᠣᠯᠭᠠᠨ ᠡᠵᠡᠯᠡᠨ ᠠᠪᠬᠤ ᠶ᠋ᠢᠨ ᠣᠷᠣᠨ ᠳ᠋ᠤ᠌ ᠲᠠᠷᠢᠶᠠᠨ ᠲᠠᠯᠠᠪᠠᠢ ᠪᠣᠯᠭᠠᠨ ᠲᠠᠷᠢᠶᠠᠴᠢᠳ ᠠ᠋ᠴᠠ ᠲᠠᠲᠠᠪᠤᠷᠢ ᠠᠪᠴᠤ ᠪᠠᠢᠪᠠᠯ ᠬᠠᠭᠠᠨ ᠤ᠋ ᠰᠠᠩ ᠢᠯᠡᠭᠦᠦ ᠠᠷᠪᠢᠵᠢᠬᠤ ᠪᠣᠯᠤᠨ᠎ᠠ》 ᠭᠡᠳᠡᠭ ᠰᠠᠨᠠᠯ ᠬᠡᠯᠡᠭᠰᠡᠨ ᠢ᠋ ᠶᠣᠰᠣᠭᠠᠷ ᠪᠣᠯᠭᠠᠵᠤ᠂ ᠲᠤᠩ ᠤᠳᠠᠯ ᠦᠭᠡᠢ ᠲᠡᠷᠡ ᠭᠠᠵᠠᠷ ᠢ᠋ ᠪᠠᠢᠯᠳᠤᠨ ᠡᠵᠡᠯᠡᠭᠰᠡᠨ ᠡᠴᠡ ᠢᠯᠡᠭᠦᠦ ᠲᠠᠲᠠᠪᠤᠷᠢ ᠬᠠᠭᠠᠨ ᠤ᠋ ᠰᠠᠩ ᠳ᠋ᠤ᠌ ᠢᠷᠡᠵᠦ ᠪᠠᠢᠭᠰᠠᠨ ᠶᠤᠮ᠃ ᠡᠨᠡ ᠦᠶ᠎ᠡ ᠳ᠋ᠦ᠍ ᠥᠭᠡᠳᠡᠢ ᠬᠠᠭᠠᠨ《ᠤᠷᠲᠤ ᠬᠠᠷ᠎ᠠ ᠰᠠᠬᠠᠯᠲᠤ ᠶ᠋ᠢᠨ ᠬᠡᠯᠡᠳᠡᠭ ᠦᠨᠡᠨ ᠪᠠᠢᠵᠠᠢ᠃ ᠡᠴᠢᠭᠡ ᠬᠠᠭᠠᠨ ᠮᠢᠨᠢ ᠡᠨᠡ ᠬᠥᠮᠦᠨ ᠦ᠌ ᠤᠬᠠᠭᠠᠨ ᠢ᠋ ᠡᠷᠲᠡ ᠮᠡᠳᠡᠵᠡᠢ》 ᠭᠡᠵᠦ ᠰᠡᠳᠬᠢᠯ ᠬᠥᠳᠡᠯᠦᠨ ᠥᠭᠦᠯᠡᠵᠦ ᠪᠠᠢᠭᠰᠠᠨ ᠤᠳᠠᠭ᠎ᠠ ᠲᠠᠢ᠃ ᠰᠤᠷᠬᠠᠭᠲᠠᠨᠢ ᠬᠠᠲᠤᠨ ᠢ᠋ ᠳᠠᠭᠤᠳᠠᠭᠤᠯᠤᠭᠰᠠᠨ ᠤ᠋ ᠳᠠᠷᠠᠭ᠎ᠠ ᠥᠭᠡᠳᠡᠢ ᠬᠠᠭᠠᠨ ᠶᠸᠯᠢᠤᠢ ᠴᠦᠼᠠᠢ ᠳ᠋ᠤ᠌ ᠬᠠᠲᠤᠨ᠂
    — ᠰᠤᠷᠬᠠᠭᠲᠠᠨᠢ ᠮᠢᠨᠦ ᠡᠵᠡᠭᠦᠢ ᠳ᠋ᠦ᠍ ᠬᠠᠭᠠᠨ ᠤ᠋ ᠭᠠᠷᠭᠠᠭᠰᠠᠨ ᠵᠠᠷᠢᠮ ᠨᠢᠭᠡ ᠵᠠᠷᠯᠢᠭ ᠢ᠋ ᠳᠤᠷ᠎ᠠ ᠪᠠᠷ ᠥᠭᠡᠷᠡᠴᠢᠯᠡᠭᠰᠡᠨ ᠬᠡᠷᠡᠭ ᠭᠠᠷᠴᠠᠢ ᠭᠡᠮᠡᠨ ᠡᠷᠡᠭᠡᠯᠵᠡᠩᠭᠦᠢ ᠥᠭᠦᠯᠡᠪᠡ᠃ ᠡᠨᠡ ᠦᠭᠡ ᠶ᠋ᠢ ᠰᠣᠨᠣᠰᠤᠭᠰᠠᠨ ᠶᠸᠯᠢᠤᠢ ᠴᠦᠼᠠᠢ ᠤᠷᠲᠤ ᠬᠠᠷ᠎ᠠ ᠰᠠᠬᠠᠯ ᠢ᠋ᠶ᠋ᠠᠨ ᠰᠢᠪᠲᠤᠷᠤᠨ᠂
    — ᠰᠤᠷᠬᠠᠭᠲᠠᠨᠢ ᠪᠡᠬᠢ ᠬᠠᠲᠤᠨ ᠡᠮ᠎ᠡ ᠬᠥᠮᠦᠨ ᠠᠲᠠᠯ᠎ᠠ ᠡᠷ᠎ᠡ ᠬᠥᠮᠦᠨ ᠡᠴᠡ ᠢᠯᠡᠭᠦᠦ ᠬᠣᠯᠠ ᠶ᠋ᠢ ᠬᠠᠷᠠᠵᠤ᠂ ᠬᠣᠶᠠᠷ ᠢ᠋ ᠪᠣᠳᠣᠭᠰᠠᠨ ᠵᠦᠢᠯ ᠶᠡᠬᠡ ᠬᠢᠵᠡᠢ ᠭᠡᠵᠦ ᠪᠢ ᠰᠡᠳᠬᠢᠵᠦ ᠪᠠᠢᠨ᠎ᠠ ᠭᠡᠪᠡ᠃ ᠶᠸᠯᠢᠤᠢ ᠴᠦᠼᠠᠢ ᠡᠨᠡ ᠮᠡᠲᠦ ᠬᠠᠲᠤᠨ ᠢ᠋ ᠮᠠᠭᠲᠠᠨ ᠰᠠᠢᠰᠢᠶᠠᠵᠤ ᠪᠠᠢᠭ᠎ᠠ ᠶ᠋ᠢ ᠬᠠᠭᠠᠨ ᠡᠵᠡᠨ ᠰᠠᠢᠨ ᠣᠢᠯᠠᠭᠠᠭᠰᠠᠨ ᠦᠭᠡᠢ᠂ ᠤᠷᠲᠤ ᠰᠠᠬᠠᠯᠲᠤ ᠶᠠᠷᠢᠶ᠎ᠠ ᠪᠠᠨ ᠦᠷᠭᠦᠯᠵᠢᠯᠡᠭᠦᠯᠦᠨ᠄
      —ᠬᠠᠭᠠᠨ ᠡᠵᠡᠨ ᠢ᠋ ᠡᠵᠡᠭᠦᠢ ᠳ᠋ᠦ᠍ ᠬᠠᠭᠠᠨ ᠤ᠋ ᠰᠠᠩ ᠢᠯᠡᠳᠲᠡ ᠠᠷᠪᠢᠵᠢᠭᠰᠠᠨ ᠪᠠᠢᠨ᠎ᠠ᠃ ᠰᠦᠮ᠎ᠡ ᠬᠡᠢᠳ ᠡᠴᠡ ᠠᠪᠳᠠᠭ ᠲᠠᠲᠠᠪᠤᠷᠢ ᠶ᠋ᠢ ᠪᠠᠢᠬᠤ ᠦᠭᠡᠢ ᠴᠤ᠌ ᠬᠤᠳᠠᠯᠳᠤᠭᠠᠴᠢᠳ ᠤ᠋ᠨ ᠳᠤᠷ᠎ᠠ ᠶ᠋ᠢᠨ ᠦᠨ᠎ᠡ ᠪᠡᠷ ᠠᠷᠠᠯᠵᠢᠶ᠎ᠠ ᠮᠠᠢᠮᠠᠢ ᠬᠢᠵᠦ᠂ ᠳᠡᠭᠡᠷ᠎ᠡ ᠡᠴᠡ ᠨᠢ ᠠᠷᠪᠠᠨ ᠬᠤᠪᠢ ᠱᠠᠩ ᠬᠠᠷᠠᠮᠵᠢ ᠨᠡᠮᠡᠵᠦ ᠠᠪᠳᠠᠭ ᠪᠠᠢᠭᠰᠠᠨ ᠢ᠋ ᠪᠣᠯᠢᠭᠤᠯᠤᠭᠰᠠᠨ ᠨᠢ ᠦᠨᠡᠨ ᠳ᠋ᠡᠭᠡᠨ ᠰᠦᠮ᠎ᠡ ᠬᠡᠢᠳ ᠡᠴᠡ ᠠᠪᠳᠠᠭ ᠲᠠᠲᠠᠪᠤᠷᠢ ᠠ᠋ᠴᠠ ᠬᠠᠮᠢᠶ᠎ᠠ ᠦᠭᠡᠢ ᠶᠡᠬᠡ ᠮᠥᠩᠭᠥ ᠶ᠋ᠢ ᠬᠠᠭᠠᠨ ᠤ᠋ ᠰᠠᠩ ᠳ᠋ᠤ᠌ ᠦᠯᠡᠳᠡᠭᠡᠭᠰᠡᠨ ᠬᠡᠷᠡᠭ ᠪᠣᠯᠵᠤ᠂ ᠥᠨᠥ ᠬᠠᠷᠠᠬᠣᠷᠣᠮ ᠳ᠋ᠤ᠌ ᠭᠣᠶᠣᠯᠭ᠎ᠠ ᠭᠤᠶᠤᠨ ᠰᠠᠭᠤᠬᠤ ᠬᠥᠮᠦᠰ ᠢ᠋ ᠨᠢᠭᠡᠳᠬᠡᠨ ᠮᠡᠩᠭᠦᠳ ᠠᠢᠮᠠᠭ ᠣᠯᠠᠨ ᠢ᠋ ᠪᠠᠢᠭᠤᠯᠤᠨ᠂ ᠮᠠᠯ ᠠᠬᠤᠢ ᠲᠠᠰᠤᠳᠠᠨ ᠥᠭᠴᠦ᠂ ᠠᠵᠤ ᠠᠮᠢᠳᠤᠷᠠᠯ ᠢ᠋ ᠨᠢ ᠵᠠᠯᠭᠠᠭᠤᠯᠤᠭᠰᠠᠨ ᠪᠠᠢᠨ᠎ᠠ᠃ ᠡᠵᠡᠨᠲᠦ ᠤᠯᠤᠰ ᠤ᠋ᠨ ᠥᠨᠴᠥᠭ ᠪᠤᠯᠤᠩ ᠪᠦᠷᠢ ᠳ᠋ᠦ᠍ ᠬᠠᠭᠠᠨ ᠤ᠋ ᠨᠡᠷ᠎ᠡ ᠪᠠᠷᠢᠨ ᠲᠠᠲᠠᠪᠤᠷᠢ ᠬᠤᠷᠢᠶᠠᠭᠴᠢᠳ ᠢ᠋ ᠴᠡᠭᠴᠡᠯᠡᠨ ᠬᠠᠭᠠᠨ ᠡᠵᠡᠨ ᠳ᠋ᠦ᠍ ᠦᠨᠡᠨᠴᠢ ᠬᠥᠮᠦᠰ ᠢ᠋ ᠳᠠᠬᠢᠨ ᠲᠣᠮᠢᠯᠠᠭᠰᠠᠨ ᠵᠡᠷᠭᠡ ᠡᠴᠡ ᠡᠨᠡ ᠬᠤᠭᠤᠴᠠᠭᠠᠨ ᠳ᠋ᠤ᠌ ᠬᠠᠭᠠᠨ ᠤ᠋ ᠰᠠᠩ ᠠᠷᠪᠢᠵᠢᠨ᠂ ᠠᠷᠠᠳ ᠤ᠋ᠨ ᠰᠡᠳᠬᠢᠯ ᠠᠮᠠᠷᠠᠭᠰᠠᠨ ᠪᠠᠢᠭ᠎ᠠ ᠨᠢ ᠬᠠᠷᠠᠭᠳᠠᠯ᠎ᠠ ᠬᠡᠮᠡᠪᠡ᠃ ᠡᠨᠡ ᠦᠶ᠎ᠡ ᠳ᠋ᠦ᠍ ᠰᠤᠷᠬᠠᠭᠲᠠᠨᠢ ᠬᠠᠲᠤᠨ ᠭᠠᠳᠠᠨ᠎ᠠ ᠠ᠋ᠴᠠ ᠣᠷᠣᠵᠤ ᠢᠷᠡᠯ᠎ᠡ᠃ ᠥᠭᠡᠳᠡᠢ ᠬᠠᠭᠠᠨ ᠰᠤᠷᠬᠠᠭᠲᠠᠨᠢ ᠶ᠋ᠢ ᠬᠦᠯᠢᠶᠡᠨ ᠠᠪᠤᠭᠠᠳ᠂
    — ᠡᠵᠡᠭᠦᠢ ᠬᠣᠢᠭᠤᠷ ᠮᠢᠨᠢ ᠬᠠᠭᠠᠨ ᠤ᠋ ᠰᠠᠩ ᠬᠥᠮᠥᠷᠭᠡ ᠠᠷᠪᠢᠵᠢᠵᠤ᠂ ᠠᠷᠠᠳ ᠤ᠋ᠨ ᠰᠡᠳᠬᠢᠯ ᠰᠠᠨᠠᠭ᠎ᠠ ᠲᠠᠢᠪᠤᠰᠢᠷᠠᠭᠰᠠᠨ ᠢ᠋ ᠶᠸᠯᠢᠦᠢ ᠴᠦᠼᠡᠢ ᠡᠴᠡ ᠰᠣᠨᠣᠰᠴᠤ ᠰᠠᠭᠤᠯ᠎ᠠ᠃ ᠬᠠᠭᠠᠨ ᠤ᠋ ᠰᠠᠩ ᠠᠷᠪᠢᠵᠢᠬᠤ ᠶ᠋ᠢᠨ ᠬᠢᠷᠢ ᠪᠡᠷ ᠠᠷᠠᠳ ᠤ᠋ᠨ ᠰᠡᠳᠬᠢᠯ ᠦᠢᠮᠡᠷᠡᠳᠡᠭ ᠶᠣᠰᠣᠨ ᠪᠠᠢᠬᠤ ᠳ᠋ᠤ᠌ ᠡᠨᠡ ᠬᠣᠶᠠᠷ ᠢ᠋ ᠬᠣᠶᠠᠭᠤᠯᠠ ᠶ᠋ᠢ ᠨᠢ ᠠᠮᠤᠷᠯᠢᠭᠤᠯᠵᠤ ᠴᠢᠳᠠᠭᠰᠠᠨ ᠬᠠᠲᠤᠨ ᠴᠢᠮ᠎ᠠ ᠪᠠᠷ ᠪᠠᠬᠠᠷᠬᠠᠵᠤ ᠪᠠᠢᠨ᠎ᠠ ᠭᠡᠪᠡ᠃
       ᠶᠡᠬᠡ ᠡᠵᠡᠨ ᠴᠢᠩᠭᠢᠰ ᠬᠠᠭᠠᠨ ᠪᠠᠢᠬᠤ ᠠ᠋ᠴᠠ ᠡᠬᠢᠯᠡᠭᠡᠳ ᠲᠡᠭᠦᠨ ᠦ᠌ ᠴᠡᠴᠡᠨ ᠪᠢᠯᠢᠭ ᠣᠶᠤᠨ ᠤᠬᠠᠭᠠᠨ ᠢ᠋ ᠣᠯᠵᠤ ᠲᠠᠨᠢᠨ᠂ ᠬᠦᠨᠳᠦᠯᠡᠯ ᠦᠵᠡᠭᠦᠯᠦᠨ ᠢᠷᠡᠭᠰᠡᠨ ᠴᠦ᠍ ᠬᠠᠭᠠᠨ ᠤ᠋ ᠡᠨᠡ ᠦᠭᠡ ᠰᠤᠷᠬᠠᠭᠲᠠᠨᠢ ᠳ᠋ᠤ᠌ ᠶᠠᠭᠠᠬᠢᠭᠠᠳ ᠴᠤ ᠶᠤᠮ ᠪᠣᠢ᠂ ᠶᠡᠬᠡ ᠤᠷᠮ᠎ᠠ ᠶ᠋ᠢ ᠥᠭᠬᠦ ᠰᠢᠭ ᠪᠣᠯᠤᠯ᠎ᠠ᠃ ᠬᠠᠭᠠᠨ ᠲᠡᠭᠦᠨ ᠦ᠌ ᠵᠢᠳᠬᠦᠯ ᠦ᠋ᠨ ᠮᠥᠨ ᠴᠢᠨᠠᠷ ᠢ᠋ ᠣᠯᠵᠤ ᠬᠠᠷᠠᠵᠠᠢ᠃ ᠲᠡᠭᠦᠨ ᠳ᠋ᠦ᠍ ᠡᠢᠨ ᠣᠢᠯᠠᠭᠠᠭᠤᠯᠤᠭᠰᠠᠨ ᠬᠥᠮᠦᠨ ᠶᠸᠯᠢᠦᠢ ᠴᠦᠼᠡᠢ ᠪᠠᠢᠭᠰᠠᠨ ᠬᠡᠳᠦᠢ ᠴᠦ᠍᠂ ᠬᠠᠭᠠᠨ ᠡᠵᠡᠨ ᠥᠪᠡᠷ ᠦ᠋ᠨ ᠳ᠋ᠦᠩᠨᠡᠯᠲᠡ ᠶ᠋ᠢ ᠬᠢᠭᠰᠡᠨ ᠪᠠᠢᠨ᠎ᠠ᠃ ᠰᠤᠷᠬᠠᠭᠲᠠᠨᠢ ᠬᠠᠲᠤᠨ᠂ ᠬᠠᠭᠠᠨ ᠤ᠋ ᠪᠠᠢᠷᠢ ᠪᠠᠢᠳᠠᠯ ᠢ᠋ ᠠᠩᠵᠠᠭᠠᠷᠠᠨ ᠬᠠᠷᠠᠭᠠᠳ᠂ ᠰᠡᠳᠬᠢᠯ ᠵᠣᠪᠠᠭᠰᠠᠨ ᠥᠩᠭᠡ ᠪᠡᠷ᠂
    —ᠪᠠᠷᠠᠭᠤᠨ ᠵᠦᠭ ᠲᠦ᠍ ᠲᠡᠢᠨ ᠳ᠋ᠦ᠍ ᠶᠠᠪᠤᠭᠰᠠᠨ ᠬᠠᠨ ᠬᠥᠪᠡᠭᠦᠳ ᠡᠶ᠎ᠡ ᠡᠪᠳᠡᠷᠡᠯᠴᠡᠭᠰᠡᠨ ᠬᠡᠯᠡ ᠢᠷᠡᠯ᠎ᠡ᠃ ᠠᠯᠲᠠᠨ ᠤᠷᠤᠭ ᠬᠥᠨᠵᠢᠯᠡ ᠳᠣᠲᠣᠷ᠎ᠠ ᠪᠠᠨ ᠵᠤᠯᠭᠠᠭᠠᠯᠴᠠᠬᠤ ᠨᠢ ᠶᠠᠭᠠᠬᠢᠪᠠᠴᠤ ᠰᠠᠢᠨ ᠬᠡᠷᠡᠭ ᠪᠢᠰᠢ ᠲᠤᠯᠠ ᠮᠢᠨᠦ ᠰᠡᠳᠬᠢᠯ ᠶᠡᠬᠡ ᠪᠡᠷ ᠴᠢᠯᠡᠵᠦ ᠪᠠᠢᠨ᠎ᠠ ᠭᠡᠪᠡ᠃ ᠥᠭᠡᠳᠡᠢ ᠬᠠᠭᠠᠨ ᠡᠨᠡ ᠮᠡᠳᠡᠭᠡ ᠶ᠋ᠢ 
ᠠᠩᠬ᠎ᠠ ᠰᠣᠨᠣᠰᠴᠤ ᠪᠣᠢ ᠪᠣᠯᠤᠯᠲᠠᠢ᠃
    — ᠠᠯᠲᠠᠨ ᠤᠷᠤᠭ ᠬᠥᠨᠵᠢᠯᠡ ᠳᠣᠲᠣᠷ᠎ᠠ ᠪᠠᠨ ᠵᠤᠯᠭᠠᠭᠠᠯᠴᠠᠨ ᠪᠠᠢᠨ᠎ᠠ ᠭᠡᠨ᠎ᠡ ᠠ᠋?
    —ᠬᠠᠨ ᠬᠥᠪᠡᠭᠦᠳ ᠢᠯᠠᠯᠲᠠ ᠪᠠᠨ ᠲᠡᠮᠳᠡᠭᠯᠡᠨ ᠪᠠᠶᠠᠷᠯᠠᠵᠤ ᠪᠠᠢᠬᠤ ᠵᠠᠭᠤᠷ᠎ᠠ ᠬᠥᠶᠦᠭ ᠪᠠᠲᠤ ᠲᠠᠢ ᠮᠠᠷᠭᠤᠵᠠᠢ᠃ ᠲᠡᠷᠡ ᠪᠠᠲᠤ ᠶ᠋ᠢ ᠶᠣᠰᠣ ᠦᠭᠡᠢ ᠦᠭᠡ ᠪᠡᠷ ᠬᠡᠯᠡᠭᠰᠡᠨ ᠪᠣᠯᠤᠯᠲᠠᠢ ᠭᠡᠪᠡ᠃ ᠥᠭᠡᠳᠡᠢ ᠬᠠᠭᠠᠨ ᠭᠦᠶᠦᠭ ᠦ᠋ᠨ ᠪᠠᠲᠤ ᠳ᠋ᠤ᠌ ᠶᠠᠭᠤ ᠭᠡᠵᠦ ᠬᠡᠯᠡᠭᠰᠡᠨ ᠢ᠋ ᠰᠢᠭᠤᠳ ᠣᠢᠯᠠᠭᠠᠯ᠎ᠠ᠃ ᠬᠡᠵᠢᠶᠡᠨ ᠡᠴᠡ ᠠᠯᠲᠠᠨ ᠤᠷᠤᠭ ᠤ᠋ᠨ ᠬᠢᠨ ᠦ᠌ ᠬᠠᠮᠤᠭ ᠤ᠋ᠨ ᠡᠮᠵᠡᠭ ᠦᠭᠡ ᠪᠠᠢᠭᠰᠠᠭᠠᠷ ᠢᠷᠡᠭᠰᠡᠨ ᠮᠢᠨᠦᠬᠢ ᠦᠭᠡ ᠶ᠋ᠢ ᠬᠦᠦ ᠨᠢ ᠬᠡᠯᠡᠵᠡᠢ ᠭᠡᠳᠡᠭ ᠨᠢ ᠲᠣᠳᠣᠷᠬᠠᠢ᠃ ᠬᠦᠦ ᠶ᠋ᠢᠨ ᠢ᠋ᠶ᠋ᠡᠨ ᠡᠨᠡ ᠵᠣᠬᠢᠰ ᠦᠭᠡᠢ ᠦᠭᠡ ᠶ᠋ᠢ ᠬᠡᠯᠡᠵᠦ ᠪᠠᠲᠤ ᠶ᠋ᠢᠨ ᠰᠡᠳᠬᠢᠯ ᠢ᠋ ᠡᠪᠡᠳᠬᠡᠭᠰᠡᠨ ᠭᠡᠰᠡᠨ ᠮᠡᠳᠡᠭᠡᠨ ᠳ᠋ᠦ᠍ ᠬᠠᠭᠠᠨ ᠡᠵᠡᠨ ᠶᠡᠬᠡᠳᠡ ᠠᠭᠤᠷᠰᠠᠯ᠎ᠠ᠃
    — ᠪᠢᠳᠡ ᠪᠦᠭᠦᠳᠡᠭᠡᠷ ᠮᠠᠷᠲᠠᠭᠰᠠᠨ ᠪᠠᠢᠬᠤ ᠳ᠋ᠤ᠌ ᠥᠨᠥ ᠮᠢᠨᠦ ᠬᠦᠦ ᠭᠦᠶᠦᠭ
 ᠠᠬᠠᠮᠠᠳ ᠬᠥᠪᠡᠭᠦᠨ ᠪᠠᠲᠤ ᠳ᠋ᠤ᠌ ᠡᠨᠡ ᠦᠭᠡ ᠶ᠋ᠢ ᠬᠡᠯᠡᠵᠦ ᠪᠠᠢᠭ᠎ᠠ ᠨᠢ ᠡᠴᠢᠭᠡ ᠮᠢᠨᠦ ᠭᠣᠣᠯ ᠢ᠋ 
ᠬᠠᠷᠠᠯᠠᠭᠤᠯᠵᠤ᠂ ᠲᠩᠷᠢ ᠳ᠋ᠦ᠍ ᠰᠠᠭᠤᠭ᠎ᠠ ᠡᠪᠦᠭᠡᠳ ᠦ᠋ᠨ ᠢ᠋ᠶ᠋ᠡᠨ ᠶᠠᠰᠤ ᠶ᠋ᠢ ᠥᠨᠳᠡᠯᠵᠡᠭᠦᠯᠦᠯ᠎ᠡ᠃ ᠰᠡᠳᠬᠢᠯ ᠮᠢᠨᠢ ᠡᠪᠡᠳᠴᠦ ᠪᠠᠢᠨ᠎ᠠ ᠭᠡᠳ ᠬᠡᠰᠡᠭ ᠴᠢᠮᠡᠭᠡ ᠦᠭᠡᠢ ᠰᠠᠭᠤᠭᠰᠠᠨ ᠤ᠋ ᠳᠠᠷᠠᠭ᠎ᠠ᠂
    —ᠨᠢᠭᠡᠨᠲᠡ ᠬᠠᠨ ᠬᠦᠦ ᠬᠦᠴᠦ ᠮᠢᠨᠢ ᠲᠩᠷᠢ ᠳ᠋ᠦ᠍ ᠬᠠᠯᠢᠯ᠎ᠠ᠃ ᠡᠴᠢᠭᠡ ᠬᠠᠭᠠᠨ ᠤ᠋ ᠪᠠᠢᠭᠤᠯᠤᠭᠰᠠᠨ ᠶᠡᠬᠡ ᠮᠣᠩᠭᠣᠯ ᠤᠯᠤᠰ ᠤ᠋ᠨ ᠬᠤᠪᠢ ᠵᠠᠶᠠᠭᠠᠨ ᠳ᠋ᠤ᠌ ᠰᠡᠳᠬᠢᠯ ᠴᠢᠯᠡᠭᠡᠨ ᠡᠪᠴᠢᠭᠦᠨ ᠳᠣᠲᠣᠷᠠᠬᠢ ᠬᠥᠨᠳᠡᠭᠦᠷ ᠠᠷᠢᠯᠤᠭ᠎ᠠ ᠦᠭᠡᠢ ᠪᠠᠢᠬᠤ ᠳ᠋ᠤ᠌ ᠬᠥᠶᠦᠭ ᠪᠠᠰᠠ ᠵᠣᠬᠢᠰ ᠦᠭᠡᠢ ᠦᠭᠡ ᠬᠡᠯᠡᠵᠦ ᠠᠬ᠎ᠠ ᠶ᠋ᠢᠨ ᠰᠡᠳᠬᠢᠯ ᠢ᠋ ᠰᠢᠷᠬᠠᠯᠠᠭᠤᠯᠤᠯ᠎ᠠ᠃ ᠡᠨᠡ ᠲᠤᠬᠠᠢ ᠬᠡᠯᠡᠵᠦ ᠵᠥᠪᠯᠡᠬᠦ ᠬᠡᠨ ᠰᠠᠨ ᠪᠢᠯᠡ ᠭᠡᠵᠦ ᠬᠡᠯᠡᠭᠡᠳ ᠡᠮᠦᠨᠡᠬᠢ ᠰᠠᠷᠬᠤᠳ ᠢ᠋ᠶ᠋ᠠᠨ ᠠᠪᠴᠤ ᠬᠥᠨᠲᠥᠷᠦᠩᠬᠡᠨ᠂
    —ᠢᠩᠭᠢᠵᠦ ᠰᠠᠷᠬᠤᠳ ᠵᠣᠭᠣᠭᠯᠠᠬᠤ ᠨᠢ ᠰᠡᠳᠬᠢᠯ ᠦ᠋ᠨ ᠵᠣᠪᠠᠯᠠᠩ ᠠ᠋ᠴᠠ ᠲᠦᠷ ᠠᠲᠤᠭᠠᠢ ᠬᠠᠭᠠᠴᠠᠭᠤᠯᠬᠤ ᠶᠤᠮ ᠳᠠ ᠬᠡᠮᠡᠪᠡ᠃ ᠦᠨᠡᠨ ᠳ᠋ᠡᠭᠡᠨ ᠳᠡᠯᠡᠬᠡᠢ ᠶ᠋ᠢᠨ ᠡᠵᠡᠨ ᠶᠡᠬᠡ ᠬᠠᠭᠠᠨ ᠬᠢᠬᠦ ᠵᠦᠢᠯ ᠦᠭᠡᠢ ᠳ᠋ᠡᠭᠡᠨ ᠬᠥᠯᠴᠥᠭᠦᠷᠡᠨ ᠪᠣᠢ ᠬᠡᠷᠡᠭ ᠪᠢᠰᠢ ᠶᠦᠮ ᠭᠡᠳᠡᠭ ᠢ᠋ ᠰᠣᠷᠬᠠᠭᠲᠠᠨᠢ ᠴᠤ᠌ ᠮᠡᠳᠡᠵᠦ ᠪᠠᠢᠭᠰᠠᠨ ᠬᠢᠷᠢᠨ᠎ᠡ ᠬᠠᠭᠠᠨ ᠡᠵᠡᠨ ᠦ᠌ ᠰᠠᠷᠬᠤᠳ ᠲᠤ ᠳᠤᠷᠠᠯᠠᠬᠤ ᠳᠤᠲᠠᠭᠳᠠᠯ ᠢ᠋ ᠳᠣᠲᠣᠷ᠎ᠠ ᠪᠠᠨ ᠪᠤᠷᠤᠭᠤᠰᠢᠶᠠᠭᠰᠠᠨ ᠬᠡᠪ ᠢ᠋ᠶ᠋ᠡᠷ ᠪᠠᠢᠪᠠ᠃
       ᠲᠡᠷᠡ ᠰᠥᠨᠢ ᠳ᠋ᠡᠭᠡᠨ ᠥᠭᠡᠳᠡᠢ ᠬᠠᠭᠠᠨ ᠶᠡᠬᠡ ᠶ᠋ᠢ ᠪᠣᠳᠣᠵᠤ ᠨᠣᠢᠷ ᠬᠤᠭᠤᠰᠯᠠᠨ ᠬᠣᠨᠣᠪᠠ᠃ ᠬᠠᠭᠠᠨᠲᠤ ᠲᠥᠷᠥ ᠶ᠋ᠢᠨ ᠢᠷᠡᠭᠡᠳᠦᠢ ᠳ᠋ᠦ᠍ ᠰᠡᠳᠬᠢᠯ ᠵᠣᠪᠠᠨᠢᠨ ᠪᠠᠢᠭᠰᠠᠨ ᠴᠤ᠌ ᠥᠪᠡᠷ ᠦ᠋ᠨ ᠡᠵᠡᠭᠦᠢ ᠬᠣᠢᠭᠤᠷ ᠲᠥᠷᠥ ᠤᠯᠤᠰ ᠢ᠋ ᠨᠢ ᠴᠢᠳᠠᠮᠠᠭᠠᠢ ᠤᠳᠤᠷᠢᠳᠴᠤ ᠪᠠᠢᠭᠰᠠᠨ ᠰᠣᠷᠬᠠᠭᠲᠠᠨᠢ ᠬᠠᠲᠤᠨ ᠤ᠋ ᠡᠮ᠎ᠡ ᠬᠥᠮᠦᠨ ᠡᠴᠡ ᠬᠡᠲᠦᠢᠳᠦᠭᠰᠡᠨ ᠤᠬᠠᠭᠠᠨ ᠢ᠋ ᠪᠠᠬᠠᠳᠤᠨ ᠪᠣᠳᠣᠨ᠎ᠠ᠃ ᠬᠠᠭᠠᠨ ᠡᠵᠡᠨ ᠰᠤᠷᠬᠠᠭᠲᠠᠨᠢ ᠬᠠᠲᠤᠨ ᠤ᠋ ᠡᠵᠡᠮᠰᠢᠯ ᠳ᠋ᠦ᠍ ᠪᠠᠢᠭᠰᠠᠨ ᠠᠷᠠᠳ ᠣᠯᠠᠨ ᠢ᠋ ᠲᠠᠰᠤᠳᠠᠨ ᠠᠪᠴᠤ ᠬᠦᠦ ᠭᠣᠳᠠᠨ ᠳ᠋ᠠᠭᠠᠨ ᠥᠭᠴᠦ ᠪᠠᠢᠭᠰᠠᠨ ᠲᠡᠷᠡ ᠴᠠᠭ ᠢ᠋ ᠳᠤᠷᠠᠰᠤᠭᠠᠳ ᠳᠣᠲᠣᠷ᠎ᠠ ᠨᠢ ᠬᠠᠷᠠᠯᠠᠨ ᠥᠪᠡᠷ ᠦ᠋ᠨ ᠭᠡᠮ ᠡᠴᠡ ᠢᠴᠢᠬᠦ ᠰᠢᠭ ᠪᠣᠯᠤᠯ᠎ᠠ᠃ ᠥᠪᠡᠷ ᠦ᠋ᠨ ᠭᠡᠬᠦ ᠪᠦᠬᠦᠨ ᠢ᠋ᠶ᠋ᠡᠨ ᠥᠭᠡᠳᠡᠢ ᠶ᠋ᠢᠨ ᠲᠥᠯᠥᠭᠡ ᠡᠷᠭᠦᠵᠦ ᠪᠠᠢᠭᠰᠠᠨ ᠲᠤᠯᠤᠢ ᠶ᠋ᠢᠨ ᠭᠡᠷ ᠪᠦᠯᠢ ᠶ᠋ᠢᠨ ᠡᠮᠦᠨ᠎ᠡ ᠠᠯᠳᠠᠭ᠎ᠠ ᠬᠢᠭᠰᠡᠨ ᠢ᠋ᠶ᠋ᠡᠨ ᠳᠠᠬᠢᠨ ᠤᠬᠠᠭᠠᠷᠠᠪᠠ᠃
       ᠲᠡᠷᠡ ᠡᠳᠦᠷ ᠦ᠋ᠨ ᠮᠠᠷᠭᠠᠰᠢ ᠥᠭᠡᠳᠡᠢ ᠬᠠᠭᠠᠨ ᠵᠠᠷᠯᠢᠭ ᠪᠣᠯᠭᠠᠵᠤ ᠬᠠᠭᠠᠨᠲᠤ ᠲᠥᠷᠥ ᠶ᠋ᠢᠨ ᠶᠡᠬᠡᠰ ᠳᠡᠭᠡᠳᠦᠰ ᠲᠦ᠍ ᠵᠠᠷ ᠲᠠᠷᠬᠠᠭᠠᠨ ᠴᠤᠭᠯᠠᠭᠤᠯᠵᠤ᠂
    — ᠰᠤᠷᠬᠠᠭᠲᠠᠨᠢ ᠬᠠᠲᠤᠨ ᠤ᠋ ᠡᠷ᠎ᠡ ᠨᠥᠬᠥᠷ᠂ ᠥᠪᠡᠷ ᠦ᠋ᠨ ᠳᠡᠭᠦᠦ ᠲᠤᠯᠤᠢ ᠶ᠋ᠢᠨ ᠠᠮᠢᠳᠤ ᠰᠡᠷᠡᠭᠦᠨ ᠳ᠋ᠡᠭᠡᠨ ᠵᠠᠬᠢᠷᠴᠤ ᠪᠠᠢᠭᠰᠠᠨ ᠠᠷᠪᠠᠨ ᠬᠣᠶᠠᠷ ᠲᠦᠮᠡ ᠶᠢᠰᠦᠨ ᠮᠢᠩᠭᠠᠨ ᠴᠡᠷᠢᠭ ᠪᠠ ᠠᠷᠪᠠᠨ ᠲᠦᠮᠡ ᠨᠢᠭᠡ ᠮᠢᠩᠭᠠᠨ ᠬᠠᠷᠢᠶᠠᠲᠤ ᠠᠷᠠᠳ ᠢ᠋ ᠨᠢ ᠰᠤᠷᠬᠠᠭᠲᠠᠨᠢ ᠬᠠᠲᠤᠨ ᠤ᠋ ᠮᠠᠲᠠᠯ ᠳ᠋ᠤ᠌ ᠳᠠᠬᠢᠨ ᠰᠢᠯᠵᠢᠭᠦᠯᠦᠭᠰᠡᠨ ᠢ᠋ᠶ᠋ᠡᠨ ᠵᠠᠷᠯᠠᠪᠠ᠃ ᠲᠡᠷᠡ ᠪᠡᠷ ᠰᠤᠷᠬᠠᠭᠲᠠᠨᠢ ᠬᠠᠲᠤᠨ ᠳ᠋ᠤ᠌ ᠲᠡᠢᠨ ᠦ᠌ ᠣᠯᠵᠠ ᠣᠮᠣᠭ ᠠ᠋ᠴᠠ ᠪᠠᠨ ᠾᠧᠪᠧᠢ ᠮᠣᠵᠢ ᠳ᠋ᠤ᠌ ᠡᠵᠡᠮᠰᠢᠯ ᠭᠠᠵᠠᠷ ᠣᠯᠭᠣᠨ᠂ ᠮᠥᠨ ᠪᠠᠷᠠᠭᠤᠨ ᠵᠦᠭ ᠲᠦ᠍ ᠪᠤᠬᠠᠷ ᠬᠣᠲᠠ ᠳ᠋ᠤ᠌ ᠬᠠᠷᠢᠶᠠᠲᠤ ᠠᠷᠠᠳ ᠢᠷᠭᠡᠳ᠂ ᠡᠵᠡᠮᠰᠢᠯ ᠭᠠᠵᠠᠷ ᠢ᠋ ᠲᠠᠰᠤᠳᠠᠨ ᠥᠭᠪᠡ᠃ ᠬᠠᠭᠠᠨ ᠤ᠋ ᠰᠠᠩ ᠬᠥᠮᠥᠷᠭᠡ ᠠᠷᠪᠢᠵᠢᠨ ᠡᠵᠡᠯᠡᠭᠳᠡᠭᠰᠡᠨ ᠤᠯᠤᠰ ᠭᠦᠷᠦᠨ ᠨᠦ᠍ᠭᠦᠳ ᠡᠴᠡ ᠢᠷᠡᠬᠦ ᠠᠯᠪᠠ ᠲᠠᠲᠠᠪᠤᠷᠢ ᠶ᠋ᠢᠨ ᠬᠡᠮᠵᠢᠶ᠎ᠡ ᠴᠤ᠌ ᠨᠡᠮᠡᠭᠳᠡᠭᠰᠡᠭᠡᠷ ᠪᠠᠢᠯ᠎ᠠ᠃
    ᠬᠠᠭᠠᠨ ᠡᠵᠡᠨ ᠢ᠋ᠶ᠋ᠡᠨ ᠳᠠᠭᠠᠨ ᠠᠶᠠᠨ ᠲᠡᠢᠨ ᠳ᠋ᠦ᠍ ᠶᠠᠪᠤᠭᠰᠠᠨ ᠬᠠᠭᠠᠨ ᠤ᠋ ᠬᠠᠲᠤᠳ ᠲᠡᠢᠨ ᠦ᠌ ᠣᠯᠵᠠ ᠣᠮᠣᠭ ᠳᠦᠭᠦᠷᠡᠩ ᠢᠷᠡᠵᠦ᠂ ᠲᠠᠯ᠎ᠠ ᠨᠤᠲᠤᠭ ᠲᠤ ᠤᠷᠢᠳ ᠡᠮᠦᠨ᠎ᠡ ᠬᠠᠷᠠᠭᠳᠠᠵᠤ ᠦᠵᠡᠭᠳᠡᠵᠦ ᠪᠠᠢᠭ᠎ᠠ ᠦᠭᠡᠢ ᠲᠠᠩᠰᠤᠭ ᠡᠳ᠋ ᠢ᠋ ᠤᠯᠠᠮ ᠶᠡᠬᠡ ᠪᠡᠷ ᠬᠡᠷᠡᠭᠯᠡᠳᠡᠭ ᠪᠣᠯᠵᠠᠢ᠃ ᠠᠯᠲᠠ ᠮᠥᠩᠭᠥ᠂ ᠱ᠌ᠢᠷᠦ᠂ ᠰᠤᠪᠤᠳ ᠲᠡᠷᠢᠭᠦᠲᠡᠨ ᠡᠴᠡ ᠡᠬᠢᠯᠡᠭᠡᠳ ᠳᠡᠪᠷᠢᠽ( ᠢᠷᠡᠨ ᠦ᠌ ᠨᠢᠭᠡ ᠬᠣᠲᠠ) ᠶ᠋ᠢᠨ ᠬᠤᠰᠢᠭ᠎ᠠ᠂ ᠰᠢᠷᠡᠽ( ᠢᠷᠡᠨ ᠦ᠌ ᠨᠢᠭᠡ ᠬᠣᠲᠠ) ᠶ᠋ᠢᠨ ᠰᠢᠭᠢᠳᠬᠡᠮᠡᠯ᠂ ᠺᠦᠱᠡᠨ ᠤ᠋ ᠬᠡᠪᠢᠰ᠂ ᠡᠮᠦᠨ᠎ᠡ ᠵᠦᠭ ᠦ᠋ᠨ ᠬᠣᠷᠭᠣᠢ ᠲᠣᠷᠭ᠎ᠠ ᠨᠤᠭᠤᠳ ᠬᠤᠢ ᠬᠤᠢ ᠪᠠᠷ ᠪᠠᠭᠤᠵᠤ ᠪᠠᠢᠭᠰᠠᠨ ᠴᠠᠭ᠃ ᠶᠡᠬᠡᠰ ᠳᠡᠭᠡᠳᠦᠰ ᠡᠳᠦᠷ ᠪᠦᠷᠢ ᠥᠭᠡᠷ᠎ᠡ ᠥᠭᠡᠷ᠎ᠡ ᠥᠩᠭᠡ ᠶ᠋ᠢᠨ ᠳᠡᠪᠡᠯ ᠬᠤᠪᠴᠠᠰᠤ ᠪᠠᠷ ᠭᠠᠩᠭᠠᠷᠠᠨ ᠶᠠᠪᠤᠬᠤ ᠨᠢ ᠣᠯᠠᠨ ᠲᠠᠢ᠃ ᠲᠡᠷᠡ ᠴᠤ᠌ ᠪᠤᠤ ᠬᠡᠯᠡ ᠤᠯᠠᠮᠵᠢᠯᠠᠯᠲᠤ ᠬᠡᠪ ᠮᠠᠶᠢᠭ ᠢ᠋ ᠡᠪᠳᠡᠨ ᠥᠪᠡᠷ ᠥᠪᠡᠷ ᠦ᠋ᠨ ᠵᠠᠭᠪᠤᠷ ᠢ᠋ᠶ᠋ᠠᠷ ᠳᠡᠪᠡᠯ ᠬᠤᠪᠴᠠᠰᠤ ᠪᠠᠨ ᠤᠷᠠᠯᠠᠭᠤᠯᠤᠨ ᠡᠮᠦᠰᠴᠦ ᠶᠠᠪᠤᠬᠤ ᠬᠠᠲᠤᠳ ᠲᠡᠳᠡᠨ ᠦ᠌ ᠳᠤᠮᠳᠠ ᠴᠥᠭᠡᠨ ᠦᠭᠡᠢ᠃ ᠦᠨᠡᠬᠡᠷ ᠶᠡᠬᠡ ᠮᠣᠩᠭᠣᠯ ᠤᠯᠤᠰ ᠤ᠋ᠨ ᠬᠠᠶᠠᠭ᠎ᠠ ᠡᠳᠦᠷ ᠡᠴᠡ ᠡᠳᠦᠷ ᠲᠤ ᠳᠠᠯᠠᠨ ᠪᠣᠢ ᠶ᠋ᠢᠨ ᠢᠯᠡᠷᠡᠯ ᠶᠡᠬᠡᠰ ᠳᠡᠭᠡᠳᠦᠰ ᠦ᠋ᠨ ᠬᠢᠨᠢ ᠲᠡᠳᠦᠢ ᠦᠭᠡᠢ ᠬᠥᠮᠦᠨ ᠠᠷᠠᠳ ᠤ᠋ᠨ ᠬᠢᠨᠢ ᠡᠳ᠋ᠯᠡᠯ ᠬᠡᠷᠡᠭᠯᠡᠯ᠂ ᠡᠮᠦᠰᠬᠡᠯ ᠵᠡᠭᠦᠰᠬᠡᠯ᠂ ᠢᠳᠡᠵᠦ ᠤᠤᠭᠤᠬᠤ ᠠ᠋ᠴᠠ ᠨᠢ ᠬᠠᠷᠠᠭᠳᠠᠵᠤ ᠪᠠᠢᠯ᠎ᠠ᠃ ᠠᠯᠲᠠᠨ ᠤᠷᠤᠭ ᠤ᠋ᠨ ᠡᠮᠡᠭᠲᠡᠢᠴᠦᠳ ᠦ᠋ᠨ ᠲᠥᠯᠥᠭᠡᠯᠡᠯ ᠡᠵᠡᠨ ᠬᠠᠭᠠᠨ ᠤ᠋ ᠥᠬᠢᠳ ᠥᠨᠥ ᠪᠠᠷᠤᠭ ᠦᠯᠡᠳᠡᠭᠰᠡᠨ ᠦᠭᠡᠢ᠃ ᠬᠠᠷᠢᠨ ᠪᠡᠷᠢ ᠪᠦᠰᠡᠭᠦᠢᠴᠦᠳ᠂ ᠲᠡᠷᠡ ᠳᠤᠮᠳᠠ ᠪᠠᠨ ᠥᠭᠡᠳᠡᠢ ᠬᠠᠭᠠᠨ ᠤ᠋ ᠪᠡᠷᠢ ᠨᠦ᠍ᠭᠦᠳ ᠡᠨᠡ ᠦᠶ᠎ᠡ ᠶ᠋ᠢᠨ ᠬᠠᠷᠠᠬᠣᠷᠣᠮ ᠤ᠋ᠨ ᠪᠠᠶᠠᠨ ᠲᠠᠩᠰᠤᠭ ᠤ᠋ᠨ ᠳᠡᠭᠡᠳᠦ ᠶ᠋ᠢ ᠡᠳ᠋ᠯᠡᠵᠦ ᠬᠡᠷᠡᠭᠯᠡᠬᠦ ᠪᠣᠯᠪᠠ᠃ ᠲᠡᠳᠡᠨ ᠦ᠌ ᠳᠤᠮᠳᠠ ᠴᠠᠭ ᠥᠩᠭᠡᠷᠡᠭᠡᠬᠦ ᠵᠦᠢᠯ ᠨᠢ ᠶᠡᠬᠡᠰ ᠳᠡᠭᠡᠳᠦᠰ ᠦ᠋ᠨ ᠶᠠᠪᠤᠳᠠᠯ᠂ ᠡᠯᠳᠡᠪ ᠬᠣᠪ ᠵᠢᠪ ᠲᠦ᠍ ᠠᠩᠬᠠᠷᠤᠯ ᠢ᠋ᠶ᠋ᠠᠨ ᠬᠠᠨᠳᠤᠭᠤᠯᠬᠤ ᠲᠡᠳᠦᠢᠬᠡᠨ ᠪᠠᠢᠭᠰᠠᠨ ᠪᠣᠯ ᠥᠭᠡᠳᠡᠢ ᠬᠠᠭᠠᠨ ᠠᠶᠠᠨ ᠲᠡᠢᠨ ᠡᠴᠡ ᠪᠤᠴᠠᠨ ᠢᠷᠡᠭᠰᠡᠨ ᠦ᠌ ᠳᠠᠷᠠᠭ᠎ᠠ ᠰᠤᠷᠬᠠᠭᠲᠠᠨᠢ ᠬᠠᠲᠤᠨ ᠢ᠋ ᠢᠯᠡᠳᠲᠡ ᠮᠠᠭᠲᠠᠭᠰᠠᠨ ᠶᠠᠪᠤᠳᠠᠯ ᠢ᠋ ᠥᠪᠡᠷ ᠬᠣᠭᠣᠷᠣᠨᠳᠣ ᠪᠠᠨ ᠶᠠᠷᠢᠯᠴᠠᠬᠤ ᠪᠣᠯᠵᠠᠢ᠃ ᠨᠢᠭᠡᠨ ᠴᠠᠭ ᠲᠤ ᠰᠤᠷᠬᠠᠭᠲᠠᠨᠢ ᠬᠠᠲᠤᠨ ᠳ᠋ᠤ᠌ ᠲᠡᠳᠦᠢ ᠯᠡ ᠰᠠᠢᠨ ᠦᠭᠡᠢ ᠬᠠᠨᠳᠤᠳᠠᠭ ᠪᠠᠢᠭᠰᠠᠨ ᠶᠡᠬᠡ ᠬᠠᠲᠤᠨ ᠮᠥᠭᠡ ᠲᠩᠷᠢ ᠶ᠋ᠢᠨ ᠲᠠᠭᠠᠯᠠᠯ ᠢ᠋ᠶ᠋ᠠᠷ ᠪᠤᠴᠠᠵᠤ᠂ ᠳᠦᠷᠭᠡᠨ᠎ᠡ ᠬᠠᠲᠤᠨ ᠬᠠᠭᠠᠨ ᠤ᠋ ᠬᠠᠲᠤᠳ ᠤ᠋ᠨ ᠳᠣᠲᠣᠷ᠎ᠠ ᠨᠡᠷ᠎ᠡ ᠬᠦᠨᠳᠦ ᠲᠡᠢ ᠨᠢᠭᠡᠨ ᠪᠣᠯᠵᠠᠢ᠃ ᠲᠡᠭᠦᠨ ᠦ᠌ ᠥᠪᠡᠷ ᠦ᠋ᠨ ᠪᠠᠢᠷᠢ ᠰᠠᠭᠤᠷᠢ ᠪᠠᠨ ᠪᠡᠬᠢᠵᠢᠭᠦᠯᠬᠦ ᠪᠣᠯᠤᠭᠰᠠᠨ ᠤ᠋ ᠰᠢᠯᠲᠠᠭᠠᠨ ᠨᠢ ᠮᠥᠭᠡ ᠬᠠᠲᠤᠨ ᠤ᠋ ᠲᠩᠷᠢ ᠳ᠋ᠦ᠍ ᠬᠠᠯᠢᠭᠰᠠᠨ ᠠ᠋ᠴᠠ ᠡᠭᠦᠳᠦᠯ ᠲᠡᠢ ᠬᠡᠳᠦᠢ ᠴᠦ᠍ ᠰᠥᠩ ᠤᠯᠤᠰ ᠲᠤ ᠳᠠᠢᠯᠠᠭᠰᠠᠨ ᠥᠭᠡᠳᠡᠢ ᠬᠠᠭᠠᠨ ᠤ᠋ ᠠᠶᠠᠨ ᠲᠡᠢᠨ ᠳ᠋ᠦ᠍ ᠴᠡᠴᠡᠨ ᠤᠬᠠᠭᠠᠨ ᠢ᠋ᠶ᠋ᠠᠨ ᠣᠷᠣᠯᠳᠣᠭᠤᠯᠤᠨ ᠬᠠᠭᠠᠨ ᠡᠵᠡᠨ ᠢ᠋ᠶ᠋ᠡᠨ ᠠᠮᠵᠢᠯᠲᠠ ᠳ᠋ᠤ᠌ ᠬᠦᠷᠭᠡᠵᠦ ᠪᠠᠢᠭᠰᠠᠨ ᠰᠤᠤ ᠪᠢᠯᠢᠭ ᠲᠦ᠍ ᠣᠷᠣᠰᠢᠵᠤ ᠪᠠᠢᠯ᠎ᠠ᠃ ᠠᠯᠲᠠᠨ ᠤᠷᠤᠭ ᠲᠤ ᠣᠷᠣᠵᠤ ᠢᠷᠡᠬᠦ ᠡᠴᠡ ᠡᠬᠢᠯᠡᠭᠡᠳ ᠰᠠᠢᠨ ᠬᠠᠷᠢᠴᠠᠭ᠎ᠠ ᠲᠠᠢ ᠪᠠᠢᠭᠰᠠᠨ ᠰᠤᠷᠬᠠᠭᠲᠠᠨᠢ᠂ ᠳᠦᠷᠭᠡᠨ᠎ᠡ ᠬᠣᠶᠠᠷ ᠲᠤ ᠥᠨᠥᠬᠡᠨ ᠳ᠋ᠡᠭᠡᠨ ᠪᠡᠶ᠎ᠡ ᠪᠡᠶ᠎ᠡ ᠳ᠋ᠡᠭᠡᠨ ᠰᠠᠨᠠᠬᠤ ᠮᠠᠭᠤ ᠰᠠᠨᠠᠭ᠎ᠠ ᠦᠭᠡᠢ ᠲᠤᠯᠠ ᠬᠡᠨ ᠬᠡᠨ ᠢ᠋ ᠪᠡᠨ ᠡᠨᠡ ᠬᠡᠳᠦᠨ ᠵᠢᠯ ᠳ᠋ᠦ᠍ ᠶᠡᠬᠡ ᠯᠡ ᠦᠭᠡᠢᠯᠡᠭᠰᠡᠨ ᠨᠢ ᠢᠯᠡᠳᠲᠡ᠃ ᠭᠡᠪᠡᠴᠦ ᠥᠩᠭᠡᠷᠡᠭᠰᠡᠨ ᠭᠤᠷᠪᠠᠨ ᠵᠢᠯ ᠭᠠᠷᠤᠢ ᠶ᠋ᠢᠨ ᠬᠤᠭᠤᠴᠠᠭᠠᠨ ᠳ᠋ᠤ᠌ ᠬᠠᠭᠠᠨᠲᠤ ᠲᠥᠷᠥ ᠶ᠋ᠢ ᠬᠠᠲᠤᠨ ᠤᠬᠠᠭᠠᠨ ᠢ᠋ᠶ᠋ᠠᠷ ᠢ᠋ᠶ᠋ᠠᠨ ᠵᠢᠯᠣᠭᠣᠳᠴᠤ ᠪᠠᠢᠭᠰᠠᠨ ᠭᠡᠰᠡᠨ ᠰᠠᠢᠨ ᠨᠡᠷ᠎ᠡ ᠶ᠋ᠢ ᠥᠭᠡᠳᠡᠢ ᠶ᠋ᠢᠨ ᠬᠠᠲᠤᠨ ᠪᠤᠰᠤ᠂ ᠠᠯᠢ ᠡᠷᠲᠡ ᠲᠩᠷᠢ ᠳ᠋ᠦ᠍ ᠣᠳᠤᠭᠰᠠᠨ ᠲᠤᠯᠤᠢ ᠶ᠋ᠢᠨ ᠡᠬᠡᠨᠡᠷ ᠠᠪᠴᠤ ᠪᠠᠢᠭ᠎ᠠ ᠶ᠋ᠢ ᠲᠡᠷᠡ ᠳᠣᠲᠣᠷ᠎ᠠ ᠪᠠᠨ ᠲᠡᠳᠦᠢ ᠯᠡ ᠲᠠᠭᠠᠰᠢᠶᠠᠬᠤ ᠦᠭᠡᠢ ᠪᠠᠢᠯ᠎ᠠ᠃ ᠰᠤᠷᠬᠠᠭᠲᠠᠨᠢ ᠬᠠᠲᠤᠨ ᠤ᠋ ᠦᠷᠭᠦᠭᠡᠨ ᠳ᠋ᠦ᠍ ᠳᠦᠷᠭᠡᠨ᠎ᠡ ᠬᠠᠲᠤᠨ ᠤ᠋ ᠰᠢᠪᠡᠭᠴᠢᠨ ᠹᠠᠲ᠋ᠢᠮᠠ ᠣᠷᠣᠵᠤ ᠢᠷᠡᠪᠡ᠃ ᠲᠡᠷᠡ ᠪᠡᠷ ᠲᠡᠢᠨ ᠦ᠌ ᠣᠯᠵᠠ ᠣᠮᠣᠭ᠂ ᠪᠡᠯᠡᠭ ᠰᠡᠯᠲᠡ᠂ ᠬᠣᠷᠭᠣᠢ ᠲᠣᠷᠭᠠᠨ ᠤ᠋ ᠳᠡᠭᠡᠵᠢ᠂ ᠰᠤᠪᠤᠳ ᠤ᠋ᠨ ᠱ᠌ᠢᠷᠦ ᠶ᠋ᠢᠨ ᠵᠡᠭᠦᠯᠲᠡ ᠱ᠌ᠢᠷᠦᠨ ᠤᠨᠵᠢᠯᠭ᠎ᠠ ᠶ᠋ᠢᠨ ᠬᠠᠮᠲᠤ ᠬᠠᠲᠤᠨ ᠤ᠋ ᠡᠮᠦᠨ᠎ᠡ ᠠᠪᠴᠢᠷᠠᠵᠤ ᠡᠷᠭᠦᠨ ᠪᠠᠷᠢᠯ᠎ᠠ᠃ ᠹᠠᠲ᠋ᠢᠮᠠ ᠶ᠋ᠢᠨ ᠪᠠᠢᠷᠢ ᠪᠠᠢᠳᠠᠯ ᠢ᠋ ᠠᠵᠢᠭᠯᠠᠨ ᠬᠠᠷᠠᠪᠠᠯ ᠲᠡᠷᠡ ᠡᠷᠡᠰ ᠥᠭᠡᠷᠡᠴᠢᠯᠡᠭᠳᠡᠵᠡᠢ᠃ ᠬᠠᠭᠠᠨ ᠡᠵᠡᠨ ᠦ᠌ ᠠᠶᠠᠨ ᠲᠡᠢᠨ ᠳ᠋ᠦ᠍ ᠳᠦᠷᠭᠡᠡ᠎ᠡ ᠬᠠᠲᠤᠨ ᠢ᠋ ᠳᠠᠭᠠᠵᠤ ᠭᠤᠷᠪᠠᠨ ᠵᠢᠯ ᠭᠠᠷᠤᠢ ᠶᠠᠪᠤᠭᠠᠳ ᠢᠷᠡᠭᠰᠡᠨ ᠡᠨᠡ ᠡᠮᠡᠭᠲᠡᠢ ᠶ᠋ᠢ ᠣᠳᠣ ᠬᠠᠷᠠᠬᠤ ᠳ᠋ᠤ᠌ ᠲᠡᠷᠡ ᠵᠢᠯ ᠬᠠᠷᠠᠵᠤ ᠪᠠᠢᠭᠰᠠᠨ ᠢᠰᠯᠠᠮ ᠰᠢᠲᠦᠯᠭᠲᠦ ᠵᠠᠷᠤᠴᠠ ᠪᠢᠰᠢ ᠪᠣᠯᠵᠠᠢ᠃ ᠪᠠᠢᠩᠭᠤ ᠡᠮᠦᠰᠴᠦ ᠶᠠᠪᠤᠳᠠᠭ ᠬᠠᠷ᠎ᠠ ᠥᠩᠭᠡᠲᠡᠢ ᠬᠤᠪᠴᠠᠰᠤ ᠪᠠᠨ ᠲᠠᠢᠯᠵᠤ ᠣᠷᠣᠨ ᠳ᠋ᠤᠨᠢ ᠱᠠ ᠲᠠᠢ ᠲᠣᠷᠭᠠᠨ ᠤᠤᠵᠢ ᠡᠮᠦᠰᠴᠦ᠂ ᠲᠣᠯᠣᠭᠠᠢ ᠪᠠᠨ ᠪᠢᠲᠡᠭᠦᠯᠡᠬᠦ ᠬᠠᠷ᠎ᠠ ᠥᠩᠭᠡ ᠶ᠋ᠢᠨ ᠠᠯᠴᠢᠭᠤᠷ ᠢ᠋ᠶ᠋ᠠᠨ ᠡᠷᠢᠶᠡᠨ ᠫᠠᠩᠰᠠ ᠪᠠᠷ ᠰᠣᠯᠢᠵᠤ ᠨᠢᠭᠤᠷ ᠤ᠋ᠨ ᠢ᠋ᠶ᠋ᠠᠨ ᠭᠢᠪᠯᠡᠭᠦᠷ ᠢ᠋ ᠠᠪᠴᠠᠢ᠃ ᠬᠠᠷ᠎ᠠ ᠭᠢᠪᠯᠡᠭᠦᠷ ᠦ᠋ᠨ ᠴᠠᠭᠠᠨ᠎ᠠ ᠠ᠋ᠴᠠ ᠲᠠᠯᠲᠠᠷᠢᠨ ᠪᠠᠶ᠋ᠢᠬᠰᠠᠨ ᠬᠣᠶᠠᠷ ᠨᠢᠳᠦ ᠨᠢ ᠬᠠᠲᠤᠨ ᠤ᠋ ᠥᠭᠡᠳᠡ ᠡᠴᠡ ᠡᠭᠴᠡᠯᠡᠨ ᠬᠠᠷᠠᠵᠤ ᠪᠠᠢᠨ᠎ᠠ᠃ ᠨᠢᠳᠦᠨ ᠡᠴᠡ ᠪᠤᠰᠤᠳ ᠢ᠋ᠶ᠋ᠠᠨ ᠬᠥᠮᠦᠨ ᠳ᠋ᠦ᠍ ᠬᠠᠷᠠᠭᠤᠯᠵᠤ ᠪᠠᠢᠭ᠎ᠠ ᠦᠭᠡᠢ ᠡᠨᠡ ᠡᠮᠡᠭᠲᠡᠢ ᠤᠭ ᠨᠢ ᠴᠢᠷᠠᠢ ᠵᠢᠰᠦ ᠰᠠᠢᠬᠠᠨ ᠲᠠᠢ ᠨᠢᠭᠡᠨ ᠠᠵᠢ᠃ ᠹᠠᠲ᠋ᠢᠮᠠ ᠬᠠᠲᠤᠨ ᠤ᠋ ᠥᠭᠡᠳᠡ ᠡᠴᠡ ᠲᠠᠯᠲᠠᠷᠢᠬᠤ ᠦᠭᠡᠢ ᠡᠭᠴᠡᠯᠡᠨ ᠬᠠᠷᠠᠵᠤ᠂
    —ᠳᠦᠷᠭᠡᠨ᠎ᠡ ᠬᠠᠲᠤᠨ ᠲᠠᠨ ᠳᠤ ᠬᠦᠷᠭᠡᠭᠦᠯᠦᠯ᠎ᠡ᠃ ᠲᠡᠢᠨ ᠳᠣᠯᠣᠭᠠᠨ ᠤ᠋ ᠣᠯᠵᠠ ᠣᠮᠣᠭ ᠤ᠋ᠨ ᠳᠡᠭᠡᠵᠢ ᠶ᠋ᠢ ᠬᠠᠲᠤᠨ ᠲᠠᠨ ᠳ᠋ᠤ᠌ ᠪᠠᠷᠢᠵᠤ ᠪᠣᠢ ᠶ᠋ᠢ ᠨᠢ ᠬᠦᠯᠢᠶᠡᠨ ᠠᠪᠤᠨ᠎ᠠ ᠤᠤ ᠭᠡᠮᠡᠨ ᠬᠡᠯᠡᠬᠦ ᠳ᠋ᠦ᠍ ᠰᠤᠷᠬᠠᠭᠲᠠᠨᠢ ᠬᠠᠲᠤᠨ ᠹᠠᠲ᠋ᠢᠮᠠ ᠶ᠋ᠢᠨ ᠮᠣᠩᠭᠣᠯ ᠬᠡᠯᠡ ᠪᠡᠷ ᠴᠡᠪᠡᠷᠬᠡᠨ ᠶᠠᠷᠢᠵᠤ ᠰᠤᠷᠤᠭᠰᠠᠨ ᠪᠣᠯᠬᠤ ᠶ᠋ᠢ ᠠᠩᠵᠠᠭᠠᠷᠠᠯ᠎ᠠ᠃ ᠲᠡᠷᠡ ᠠᠯᠢ ᠬᠡᠳᠦᠢᠨ ᠳᠦᠷᠭᠡᠨ᠎ᠡ ᠬᠠᠲᠤᠨ ᠤ᠋ ᠢᠪᠡᠭᠡᠯ ᠳ᠋ᠦ᠍ ᠪᠦᠷᠢᠨ᠎ᠡ ᠪᠠᠭᠲᠠᠵᠤ᠂ ᠬᠠᠲᠤᠨ ᠡᠬᠡ ᠶ᠋ᠢᠨ ᠡᠮᠦᠨ᠎ᠡ ᠨᠡᠷ᠎ᠡ ᠣᠯᠤᠭᠠᠳ᠂ ᠥᠨᠥ ᠥᠭᠡᠳᠡ ᠡᠴᠡ ᠨᠢ ᠲᠠᠯᠲᠠᠷᠢᠬᠤ ᠴᠤ᠌ ᠦᠭᠡᠢ ᠰᠢᠷᠳᠡᠨ ᠪᠠᠢᠭ᠎ᠠ ᠨᠢ ᠰᠤᠷᠬᠠᠭᠲᠠᠨᠢ ᠳ᠋ᠤ᠌ ᠳᠠᠭ᠎ᠠ ᠦᠭᠡᠢ ᠰᠠᠨᠠᠭᠳᠠᠪᠠ᠃《ᠲᠦᠷᠡᠢ ᠶ᠋ᠢᠨ ᠪᠥᠭᠡᠰᠦ ᠳᠡᠭᠡᠭᠰᠢ ᠥᠭᠰᠥᠨ ᠲᠣᠯᠣᠭᠠᠢ ᠳ᠋ᠤ᠌ ᠭᠠᠷᠬᠤ ᠨᠢ ᠰᠠᠢᠨ ᠬᠡᠷᠡᠭ ᠪᠢᠰᠢ ᠳᠡ 》 ᠭᠡᠮᠡᠨ ᠪᠣᠳᠣᠬᠤ ᠵᠠᠭᠤᠷ᠎ᠠ᠂
    — ᠪᠥᠭᠡᠷ᠎ᠡ ᠨᠢ ᠪᠥᠭᠰᠡᠨ ᠳ᠋ᠡᠭᠡᠨ᠂ ᠴᠠᠷ ᠨᠢ ᠴᠡᠭᠡᠵᠢᠨ ᠳ᠋ᠡᠭᠡᠨ ᠪᠠᠢᠬᠤ ᠪᠤᠰᠤ ᠤᠤ᠃ ᠬᠠᠲᠤᠨ ᠤ᠋ ᠬᠡᠰᠢᠭ ᠲᠦ᠍ ᠲᠠᠯᠠᠷᠬᠠᠪᠠ ᠭᠡᠵᠦ ᠬᠡᠯᠡᠬᠦ ᠳ᠋ᠦ᠍ ᠹᠠᠲ᠋ᠢᠮᠠ ᠰᠠᠶᠢ ᠰᠣᠴᠢᠨ᠂ ᠬᠠᠲᠤᠨ ᠤ᠋ ᠡᠨᠡ ᠦᠭᠡ ᠥᠪᠡᠷ ᠲᠤᠨᠢ ᠵᠣᠷᠢᠭᠤᠯᠤᠭᠳᠠᠯ᠎ᠠ ᠭᠡᠳᠡᠭ ᠢ᠋ ᠣᠢᠯᠠᠭᠠᠭᠠᠳ ᠭᠠᠷᠴᠤ ᠶᠠᠪᠤᠯ᠎ᠠ᠃
       ᠰᠤᠷᠬᠠᠭᠲᠠᠨᠢ ᠬᠠᠲᠤᠨ ᠳ᠋ᠤ᠌ ᠪᠡᠯᠡᠭ ᠰᠡᠯᠲᠡ ᠬᠦᠷᠭᠡᠨ ᠥᠭᠭᠦᠭᠡᠳ ᠹᠠᠲ᠋ᠢᠮᠠ ᠳᠦᠷᠭᠡᠨ᠎ᠡ ᠬᠠᠲᠤᠨ ᠤ᠋ ᠦᠷᠭᠦᠭᠡᠨ ᠳ᠋ᠦ᠍ ᠣᠷᠣᠵᠤ ᠢᠷᠡᠪᠡ᠃ ᠲᠡᠷᠡ ᠪᠡᠷ ᠬᠠᠲᠤᠨ ᠤ᠋ ᠥᠭᠡᠳᠡ ᠡᠴᠡ ᠡᠷᠬᠡ ᠮᠤᠤᠷ ᠰᠢᠭ᠋ ᠰᠡᠷᠪᠡᠯᠵᠡᠨ ᠣᠴᠢᠭᠠᠳ ᠨᠠᠭᠠᠰᠢ ᠴᠠᠭᠠᠰᠢ ᠬᠠᠷᠠᠨ᠂
    — ᠰᠤᠷᠬᠠᠭᠲᠠᠨᠢ ᠬᠠᠲᠤᠨ ᠳ᠋ᠤ᠌ ᠲᠠᠨ ᠤ᠋ ᠪᠡᠯᠡᠭ ᠢ᠋ ᠬᠦᠷᠭᠡᠨ ᠥᠭᠭᠦᠯ᠎ᠡ᠃ ᠬᠠᠷᠢᠨ ᠲᠡᠷᠡ ᠨᠠᠳᠠ ᠳ᠋ᠤ᠌ ᠬᠡᠯᠡᠭᠰᠡᠨ᠂ ᠲᠠᠨ ᠳ᠋ᠤ᠌ ᠳᠠᠢᠯᠭᠠᠭᠰᠠᠨ ᠨᠢ ᠮᠡᠳᠡᠭᠳᠡᠬᠦ ᠦᠭᠡᠢ ᠦᠭᠡ ᠬᠡᠯᠡᠵᠦ ᠶᠠᠪᠤᠭᠤᠯᠤᠯ᠎ᠠ ᠭᠡᠪᠡ᠃
      —ᠶᠠᠮᠠᠷ ᠦᠭᠡ ᠳᠠᠢᠪᠠ?
    —ᠪᠥᠭᠡᠷ᠎ᠡ ᠨᠢ ᠪᠥᠭᠰᠡᠨ ᠳ᠋ᠡᠭᠡᠨ᠂ ᠴᠠᠷ ᠨᠢ ᠴᠡᠭᠡᠵᠢᠨ ᠳ᠋ᠡᠭᠡᠨ ᠭᠡᠵᠦ ᠬᠡᠯᠡᠭᠦᠯᠦᠯ᠎ᠡ ᠭᠡᠪᠡ᠃
       ᠳᠦᠷᠭᠡᠨ᠎ᠡ ᠬᠠᠲᠤᠨ ᠡᠨᠡ ᠦᠭᠡ ᠶ᠋ᠢ ᠰᠣᠨᠣᠰᠤᠭᠠᠳ ᠨᠢᠭᠤᠷ ᠨᠢ ᠮᠢᠨᠴᠢᠢᠭᠡᠳ ᠶᠠᠪᠤᠴᠢᠬᠠᠯ᠎ᠠ᠃ ᠲᠡᠷᠡ ᠹᠠᠲ᠋ᠢᠮᠠ ᠶ᠋ᠢ ᠭᠠᠷᠭᠠᠨ ᠶᠠᠪᠤᠭᠤᠯᠤᠭᠠᠳ ᠦᠷᠭᠦᠭᠡᠨ ᠳ᠋ᠡᠭᠡᠨ ᠴᠢᠬᠤᠯᠳᠠᠨ ᠠᠮᠢᠰᠬᠤᠭ᠎ᠠ ᠥᠨᠳᠥᠷ ᠲᠡᠢ ᠰᠠᠭᠤᠨ᠎ᠠ᠃《ᠪᠥᠭᠡᠷ᠎ᠡ ᠨᠢ ᠪᠥᠭᠰᠡᠨ ᠳ᠋ᠡᠭᠡᠨ᠂ ᠴᠠᠷ ᠨᠢ ᠴᠡᠭᠡᠵᠢᠨ ᠳ᠋ᠡᠭᠡᠨ》 ᠭᠡᠮᠡᠨ ᠳᠠᠪᠲᠠᠨ ᠬᠡᠯᠡᠨ᠎ᠡ᠃
        ᠪᠠᠷᠠᠭᠤᠨ ᠵᠦᠭ ᠲᠦ᠍ ᠳᠠᠢᠳᠤᠬᠤ ᠪᠠᠷ ᠶᠠᠪᠤᠭᠰᠠᠨ ᠥᠭᠡᠳᠡᠢ ᠬᠠᠭᠠᠨ ᠤ᠋ ᠬᠦᠦ ᠭᠦᠶᠦᠭ᠂ ᠪᠤᠷᠭᠢ ᠵᠠᠩᠵᠤᠨ ᠨᠠᠷ ᠪᠤᠴᠠᠨ ᠢᠷᠡᠭᠰᠡᠨ ᠪᠠᠢᠯ᠎ᠠ᠃ ᠲᠡᠢᠨ ᠦ᠌ ᠲᠣᠭᠣᠰᠣ ᠪᠠᠭᠤᠭ᠎ᠠ ᠦᠭᠡᠢ᠂ ᠥᠨᠥ ᠬᠢᠷᠢ ᠬᠡᠷᠬᠢᠬᠦ ᠨᠢ ᠲᠣᠳᠣᠷᠬᠠᠢ ᠦᠭᠡᠢ ᠪᠠᠢᠭ᠎ᠠ ᠳᠣᠯᠣᠭᠠᠨ ᠤ᠋ ᠲᠠᠯᠠᠪᠤᠷ ᠢ᠋ ᠣᠷᠬᠢᠨ᠂ ᠮᠣᠩᠭᠣᠯ ᠤ᠋ᠨ ᠲᠠᠯ᠎ᠠ ᠨᠤᠲᠤᠭ ᠲᠤ ᠢᠷᠡᠭᠰᠡᠨ ᠬᠦᠦ ᠲᠡᠢ ᠪᠡᠨ ᠠᠭᠤᠯᠵᠠᠬᠤ ᠶ᠋ᠢᠨ ᠡᠮᠦᠨ᠎ᠡ ᠥᠭᠡᠳᠡᠢ ᠬᠠᠭᠠᠨ ᠬᠥᠶᠦᠭ᠂ ᠪᠤᠷᠬᠢ ᠨᠠᠷ ᠤ᠋ᠨ ᠴᠡᠷᠢᠭ ᠦ᠋ᠨ ᠵᠠᠩᠵᠤᠳ ᠪᠣᠯᠬᠤ ᠠᠯᠴᠢᠲᠠᠢ᠂ ᠬᠣᠩᠬᠤᠳᠠᠢ ᠨᠠᠷ ᠲᠠᠢ ᠠᠭᠤᠯᠵᠠᠵᠤ ᠪᠣᠯᠤᠭᠰᠠᠨ ᠬᠡᠷᠡᠭ ᠶᠠᠪᠤᠳᠠᠯ ᠤ᠋ᠨ ᠤᠴᠢᠷ ᠢ᠋ ᠶᠠᠷᠢᠭᠤᠯᠤᠨ᠂ ᠨᠢᠭᠡᠳ ᠨᠢᠭᠡᠨ ᠦᠭᠡᠢ ᠲᠠᠢᠯᠪᠤᠷᠢᠯᠠᠭᠤᠯᠵᠤ᠂ ᠦᠨᠡᠨ ᠮᠥᠨ ᠢ᠋ ᠣᠯᠵᠤ ᠮᠡᠳᠡᠭᠰᠡᠨ ᠦ᠌ ᠳᠠᠷᠠᠭ᠎ᠠ ᠭᠦᠶᠦᠭ᠂ ᠪᠤᠷᠭᠢ ᠨᠠᠷ ᠢ᠋ ᠳᠠᠭᠤᠳᠠᠭᠤᠯᠤᠭᠰᠠᠨ ᠪᠠᠢᠪᠠ᠃ ᠳᠠᠯᠳᠠᠭᠤᠷ ᠬᠠᠭᠠᠨ ᠰᠢᠷᠡᠭᠡᠨ ᠳ᠋ᠦ᠍ ᠰᠠᠨᠠᠭᠠᠷᠬᠠᠨ ᠢᠷᠡᠭᠰᠡᠨ ᠭᠦᠶᠦᠭ ᠦ᠋ᠨ ᠬᠤᠪᠢ ᠳ᠋ᠤ᠌ ᠬᠠᠭᠠᠨ ᠠᠪᠤ ᠲᠠᠢ ᠪᠠᠨ ᠠᠭᠤᠯᠵᠠᠭᠰᠠᠨ ᠡᠨᠡ ᠠᠭᠤᠯᠵᠠᠯᠲᠠ ᠠᠯᠲᠠᠨ ᠤᠷᠤᠭ ᠤ᠋ᠨ ᠬᠢᠨ ᠦ᠌ ᠳᠤᠮᠳᠠ ᠨᠡᠷ᠎ᠡ ᠬᠦᠨᠳᠦ ᠪᠡᠨ ᠤᠨᠠᠭᠠᠬᠤ ᠨᠢᠭᠡᠨ ᠲᠣᠮᠣ ᠰᠢᠯᠲᠠᠭᠠᠨ ᠪᠣᠯᠤᠨ᠎ᠠ ᠭᠡᠳᠡᠭ ᠢ᠋ ᠲᠥᠰᠦᠭᠡᠯᠡᠭᠰᠡᠨ ᠦᠭᠡᠢ᠃ ᠬᠠᠭᠠᠨ ᠤ᠋ ᠦᠷᠭᠦᠭᠡᠨ ᠳ᠋ᠦ᠍ ᠠᠯᠲᠠᠨ ᠤᠷᠤᠭ ᠤ᠋ᠨ ᠶᠡᠬᠡᠰ ᠳᠡᠭᠡᠳᠦᠰ ᠲᠡᠳᠡᠨ ᠦ᠌ ᠶᠡᠬᠡᠩᠬᠢ ᠨᠢ ᠥᠭᠡᠳᠡᠢ ᠬᠠᠭᠠᠨ ᠤ᠋ ᠭᠡᠷ ᠪᠦᠯᠢ ᠶ᠋ᠢᠨ ᠬᠢᠨ᠂ ᠲᠡᠳᠡᠨ ᠦ᠌ ᠳᠤᠮᠳᠠ ᠰᠤᠷᠬᠠᠭᠲᠠᠨᠢ ᠬᠠᠲᠤᠨ ᠪᠠᠢᠯ᠎ᠠ᠃ ᠭᠠᠳᠠᠨ᠎ᠠ ᠠ᠋ᠴᠠ ᠭᠦᠶᠦᠭ᠂ ᠪᠤᠷᠭᠢ ᠬᠣᠶᠠᠷ ᠣᠷᠣᠵᠤ ᠢᠷᠡᠨ᠂ ᠬᠠᠭᠠᠨ ᠤ᠋ ᠡᠮᠦᠨ᠎ᠡ ᠰᠥᠭᠥᠳᠦᠨ ᠮᠡᠨᠳᠦᠴᠢᠯᠡᠬᠦ ᠳ᠋ᠦ᠍ ᠬᠠᠭᠠᠨ ᠡᠵᠡᠨ ᠬᠦᠦ ᠶ᠋ᠢᠨ ᠢ᠋ᠶ᠋ᠡᠨ ᠵᠦᠭ ᠨᠢᠯᠪᠤᠰᠤ ᠴᠢᠢᠯᠡᠭᠡᠨᠡᠭᠰᠡᠨ ᠨᠢᠳᠦ ᠪᠡᠷ ᠬᠠᠷᠠᠵᠤ ᠰᠠᠭᠤᠪᠠ᠃
    — ᠪᠢᠳᠡ ᠡᠨᠡ ᠭᠠᠵᠠᠷ ᠤ᠋ᠨ ᠬᠥᠷᠥᠰᠥ ᠰᠢᠷᠣᠢ ᠶ᠋ᠢᠨ ᠳᠡᠭᠡᠷ᠎ᠡ ᠲᠥᠷᠥᠵᠦ ᠥᠰᠦᠭᠰᠡᠨ ᠴᠠᠭ ᠠ᠋ᠴᠠ ᠪᠠᠨ ᠡᠬᠢᠯᠡᠨ ᠠᠬᠠᠮᠠᠳ ᠤ᠋ᠨ ᠦᠭᠡ ᠶ᠋ᠢ ᠲᠤᠭᠤᠯᠵᠤ ᠰᠣᠨᠣᠰᠤᠭᠰᠠᠭᠠᠷ ᠢᠷᠡᠭᠰᠡᠨ ᠪᠠᠢᠲᠠᠯ᠎ᠠ ᠲᠠ ᠨᠠᠷ ᠠᠯᠲᠠᠨ ᠤᠷᠤᠭ ᠤ᠋ᠨ ᠠᠬᠠᠮᠠᠳ ᠬᠥᠪᠡᠭᠦᠨ ᠦ᠌ ᠥᠭᠡᠳᠡ ᠡᠴᠡ ᠵᠥᠷᠢᠵᠦ ᠳᠣᠷᠣᠮᠵᠢᠯᠠᠭᠰᠠᠨ ᠪᠠᠢᠨ᠎ᠠ ᠭᠡᠵᠦ ᠬᠡᠯᠡᠭᠡᠳ ᠬᠠᠭᠠᠨ ᠡᠵᠡᠨ ᠪᠤᠷᠬᠢ ᠶ᠋ᠢ ᠵᠢᠭᠠᠨ᠄
    —ᠴᠢᠨᠦ ᠶᠠᠯ᠎ᠠ ᠶ᠋ᠢ ᠪᠢ ᠰᠢᠢᠳᠬᠡᠬᠦ ᠦᠭᠡᠢ᠂ ᠴᠢ ᠥᠪᠡᠷ ᠦ᠋ᠨ ᠡᠴᠢᠭᠡ ᠡᠴᠡ ᠰᠢᠢᠳᠬᠡᠯ ᠠᠪᠬᠤ ᠶᠣᠰᠣᠲᠠᠢ᠃ ᠴᠠᠭᠠᠲᠠᠢ ᠮᠢᠨᠦ ᠠᠬ᠎ᠠ ᠲᠤᠯᠠ ᠲᠡᠷᠡ ᠬᠦᠦ ᠪᠡᠨ ᠬᠡᠷᠬᠢᠬᠦ ᠶ᠋ᠢ ᠰᠢᠢᠳᠦᠨ᠎ᠡ ᠭᠡᠵᠦ ᠬᠡᠯᠡᠭᠡᠳ ᠭᠦᠶᠦᠭ ᠢ᠋ ᠬᠠᠷᠠᠨ᠂
    — ᠬᠠᠷᠢᠨ ᠭᠦᠶᠦᠭ ᠴᠢ ᠥᠪᠡᠷ ᠢ᠋ ᠪᠡᠨ ᠬᠡᠨ ᠭᠡᠵᠦ ᠰᠠᠨᠠᠪᠠ᠂ ᠡᠪᠡᠰᠦᠨ ᠳ᠋ᠦ᠍ ᠣᠷᠢᠶᠠᠪᠠᠴᠤ ᠦᠬᠡᠷ ᠳᠣᠯᠢᠶᠠᠬᠤ ᠦᠭᠡᠢ᠂ ᠥᠭᠡᠬᠦᠨ ᠳ᠋ᠦ᠍ ᠣᠷᠢᠶᠠᠪᠠᠴᠤ ᠨᠣᠬᠠᠢ ᠰᠢᠩᠰᠢᠯᠡᠬᠦ ᠦᠭᠡᠢ ᠦᠷ᠎ᠡ ᠨᠠᠳᠠ ᠠ᠋ᠴᠠ ᠲᠥᠷᠥᠯ᠎ᠡ ᠭᠡᠵᠦ ᠤᠤ? ᠴᠢᠮᠠᠶ᠋ᠢ ᠬᠣᠷᠣᠭᠠᠭᠰᠠᠨ ᠴᠤ᠌ ᠪᠠᠭᠠᠳᠠᠨ᠎ᠠ ᠭᠡᠮᠡᠨ ᠰᠢᠷᠦᠭᠦᠬᠡᠨ ᠬᠡᠯᠡᠬᠦ ᠳ᠋ᠦ᠍ ᠭᠦᠶᠦᠭ ᠲᠡᠳᠦᠢ ᠦᠭᠡᠢ ᠦᠷᠭᠦᠭᠡᠨ ᠳ᠋ᠦ᠍ ᠪᠠᠢᠭᠰᠠᠨ ᠬᠥᠮᠦᠰ ᠨᠡᠮᠡᠰᠬᠢᠯ᠎ᠡ᠃ ᠬᠠᠭᠠᠨ ᠶᠡᠬᠡᠳᠡ ᠠᠭᠤᠷᠰᠠᠵᠠᠢ᠃
    — ᠦᠮᠦᠬᠡᠢ ᠬᠠᠩᠬᠤᠯᠤᠭᠤᠯᠤᠨ ᠢᠯᠵᠠᠷᠠᠬᠤ ᠥᠨᠳᠡᠭᠡ ᠰᠢᠭ᠂ ᠦᠷᠦ ᠡᠪᠡᠳᠬᠦ ᠰᠡᠳᠬᠢᠯ ᠦᠭᠡᠢ ᠠᠷᠢᠶᠠᠲᠠᠨ ᠰᠢᠭ᠋᠂ ᠡᠵᠡᠨ ᠳ᠋ᠡᠭᠡᠨ ᠡᠭᠡᠯᠢ ᠦᠭᠡᠢ ᠨᠣᠬᠠᠢ ᠰᠢᠭ᠋ ᠳᠣᠯᠣᠭᠠᠨ ᠤ᠋ ᠲᠠᠯᠠᠪᠤᠷ ᠢ᠋ ᠣᠷᠬᠢᠨ ᠢᠷᠡᠭᠰᠡᠨ ᠴᠢᠮᠠᠶ᠋ᠢ ᠶ᠋ᠢ ᠬᠥᠨᠥᠭᠡᠵᠦ ᠣᠷᠬᠢᠭᠰᠠᠨ ᠴᠤ᠌ ᠪᠠᠭᠠᠳᠠᠨ᠎ᠠ ᠭᠡᠮᠡᠨ ᠵᠠᠩᠳᠤᠷᠤᠯ᠎ᠠ᠃ ᠬᠠᠭᠠᠨ ᠡᠢᠨ ᠠᠭᠤᠷᠯᠠᠭᠰᠠᠨ ᠪᠠᠢᠬᠤ ᠳ᠋ᠠᠭᠠᠨ ᠵᠢᠷᠦᠬᠡ ᠨᠢ ᠬᠦᠴᠦᠲᠡᠢ ᠬᠠᠳᠬᠤᠭᠰᠠᠨ ᠪᠣᠯᠤᠯᠲᠠᠢ ᠴᠡᠭᠡᠵᠢ ᠪᠡᠨ ᠳᠠᠷᠤᠨ ᠪᠤᠴᠠᠵᠤ ᠰᠠᠭᠤᠪᠠ᠃ ᠬᠠᠭᠠᠨ ᠤ᠋ ᠪᠡᠶ᠎ᠡ ᠶ᠋ᠢᠨ ᠪᠠᠢᠳᠠᠯ ᠰᠠᠢᠨ ᠦᠭᠡᠢ ᠬᠠᠷᠠᠭᠳᠠᠨ᠎ᠠ᠃ ᠳᠤᠬᠤᠨ ᠤ᠋ ᠬᠢᠨᠢ ᠬᠥᠯᠥᠰᠥ ᠪᠤᠷᠵᠢᠢᠵᠤ ᠰᠢᠨᠠ ᠶ᠋ᠢᠨ ᠰᠤᠳᠠᠰᠤ ᠨᠢ ᠭᠦᠷᠡᠯᠵᠡᠨ᠎ᠡ᠃ ᠦᠷᠭᠦᠭᠡᠨ ᠳᠣᠲᠣᠷ᠎ᠠ ᠨᠠᠮ ᠭᠦᠮ᠂ ᠬᠠᠭᠠᠨ ᠬᠡᠰᠡᠭ ᠵᠠᠭᠤᠷ᠎ᠠ ᠰᠠᠭᠤᠭᠠᠳ ᠲᠠᠢᠪᠤᠰᠢᠷᠠᠪᠠ᠃
    ᠬᠠᠭᠠᠨ ᠡᠪᠦᠭᠡ ᠶ᠋ᠢᠨ ᠢ᠋ᠶ᠋ᠡᠨ ᠰᠦᠷ ᠢ᠋ᠶ᠋ᠡᠷ᠂ ᠬᠠᠲᠠᠷᠢᠴᠢ ᠮᠣᠷᠢᠨ ᠤ᠋ ᠬᠤᠷᠳᠤ ᠪᠠᠷ ᠣᠷᠣᠨ ᠬᠣᠲᠠ ᠶ᠋ᠢ ᠡᠵᠡᠯᠡᠭᠰᠡᠨ ᠢ᠋ᠶ᠋ᠡᠨ ᠣᠳᠣ ᠴᠢ ᠥᠪᠡᠷ ᠦ᠋ᠨ ᠬᠦᠴᠦ ᠭᠡᠵᠦ ᠪᠣᠳᠣᠨ᠎ᠠ ᠤᠤ᠂ ᠭᠡᠷ ᠡᠴᠡ ᠪᠡᠨ ᠭᠠᠷᠤᠭᠠᠳ ᠡᠷ᠎ᠡ ᠬᠥᠮᠦᠨ ᠰᠢᠭ ᠶᠠᠪᠤᠵᠤ ᠴᠢᠳᠠᠭᠰᠠᠨ ᠦᠭᠡᠢ ᠴᠢ ᠭᠡᠵᠦ ᠠᠭᠤᠷᠰᠠᠪᠠ᠃ ᠬᠠᠭᠠᠨᠲᠠᠨ ᠭᠦᠶᠦᠭ᠂ ᠪᠤᠷᠭᠢ ᠬᠣᠶᠠᠷ ᠢ᠋ ᠠᠭᠤᠷᠲᠠᠢ ᠬᠠᠷᠠᠨ᠎ᠠ᠃ ᠲᠡᠷᠡ ᠪᠡᠷ ᠦᠷᠭᠦᠭᠡᠨ ᠳ᠋ᠦ᠍ ᠴᠤᠭᠯᠠᠭᠰᠠᠨ ᠠᠯᠲᠠᠨ ᠤᠷᠤᠭ ᠤ᠋ᠨ ᠬᠢᠨ ᠳ᠋ᠦ᠍ ᠬᠠᠨᠳᠤᠨ᠂
    —ᠶᠡᠬᠡ ᠴᠡᠷᠢᠭ ᠢ᠋ᠶ᠋ᠡᠨ ᠳᠣᠯᠣᠭᠠᠨ ᠤ᠋ ᠲᠠᠯᠠᠪᠤᠷ ᠲᠤ ᠣᠷᠬᠢᠨ ᠵᠠᠷᠭᠤ ᠰᠢᠭᠦᠬᠦ ᠪᠡᠷ ᠢᠷᠡᠭᠰᠡᠨ ᠡᠨᠡ ᠬᠥᠮᠦᠨ ᠢ᠋ ᠬᠡᠷᠬᠢᠨ ᠰᠢᠢᠳᠬᠡᠬᠦ ᠶ᠋ᠢ ᠠᠯᠲᠠᠨ ᠤᠷᠤᠭ ᠤ᠋ᠨ ᠬᠢᠨ ᠮᠡᠳᠡᠲᠦᠭᠡᠢ ᠭᠡᠮᠡᠨ ᠬᠡᠯᠡᠯ᠎ᠡ᠃ ᠴᠤᠭᠯᠠᠭᠰᠠᠨ ᠣᠯᠠᠨ ᠴᠢᠮᠡᠭᠡ ᠦᠭᠡᠢ ᠰᠠᠭᠤᠨ᠎ᠠ᠃ ᠲᠡᠳᠡᠨ ᠦ᠌ ᠳᠤᠮᠳᠠ ᠠ᠋ᠴᠠ ᠶᠸᠯᠢᠤᠢ ᠴᠦᠼᠠᠢ᠂
    —ᠶᠡᠬᠡ ᠡᠵᠡᠨ ᠴᠢᠩᠭᠢᠰ ᠬᠠᠭᠠᠨ ᠰᠡᠷᠡᠭᠦᠨ ᠠᠬᠤᠢ ᠳ᠋ᠠᠭᠠᠨ ᠬᠡᠭᠡᠷ᠎ᠡ ᠶ᠋ᠢᠨ ᠬᠡᠷᠡᠭ ᠢ᠋ ᠬᠡᠭᠡᠷ᠎ᠡ ᠰᠢᠢᠳᠴᠦ ᠪᠠᠢᠭᠰᠠᠨ ᠲᠤᠯᠠ ᠲᠡᠷᠡ ᠶᠣᠰᠣ ᠶ᠋ᠢ ᠳᠠᠭᠠᠵᠤ ᠶᠡᠬᠡ ᠴᠡᠷᠢᠭ ᠲᠦ᠋ᠨᠢ ᠢᠯᠡᠭᠡᠬᠦ ᠨᠢ ᠵᠥᠪ ᠪᠣᠯᠪᠠ ᠤᠤ ᠭᠡᠬᠦ ᠳ᠋ᠦ᠍ ᠬᠠᠭᠠᠨ ᠡᠵᠡᠨ ᠥᠪᠡᠷ ᠦ᠋ᠨ ᠬᠦᠦ ᠪᠡᠨ ᠬᠡᠷᠬᠢᠨ ᠰᠢᠢᠳᠬᠡᠬᠦ ᠤᠬᠠᠭᠠᠨ ᠢ᠋ᠶ᠋ᠠᠨ ᠣᠯᠵᠤ ᠶᠠᠳᠠᠨ ᠪᠠᠢᠭᠰᠠᠨ ᠳᠣᠲᠣᠷ᠎ᠠ ᠨᠢ ᠠᠭᠤᠵᠢᠷᠠᠯ᠎ᠠ᠃ ᠶᠸᠯᠢᠤᠢ ᠴᠦᠼᠠᠢ ᠶ᠋ᠢᠨ ᠠᠷᠤ ᠠ᠋ᠴᠠ ᠰᠤᠷᠬᠠᠭᠲᠠᠨᠢ ᠬᠠᠲᠤᠨ᠄
   — ᠬᠠᠨ ᠬᠥᠪᠡᠭᠦᠳ ᠦ᠋ᠨ ᠡᠶ᠎ᠡ ᠡᠪᠳᠡᠷᠡᠯᠴᠡᠭᠰᠡᠨ ᠨᠢ ᠬᠠᠭᠠᠨ ᠡᠵᠡᠨ ᠲᠡᠳᠦᠢ ᠦᠭᠡᠢ ᠠᠯᠲᠠᠨ ᠤᠷᠤᠭ ᠤ᠋ᠨ ᠬᠢᠨ ᠦ᠌ ᠰᠡᠳᠬᠢᠯ ᠢ᠋ ᠴᠢᠯᠡᠭᠡᠯ᠎ᠡ᠃ ᠭᠡᠪᠡᠴᠦ ᠨᠢᠭᠡᠨ ᠵᠦᠢᠯ ᠢ᠋ ᠰᠠᠨᠠᠭᠤᠯᠤᠨ ᠬᠡᠯᠡᠬᠦ ᠭᠡᠰᠡᠨ ᠶᠦᠮ᠃ ᠡᠨᠡ ᠡᠪᠳᠡᠷᠡᠯᠴᠡᠯ ᠦ᠋ᠨ ᠡᠭᠦᠳᠡ ᠶ᠋ᠢ ᠨᠡᠭᠡᠭᠡᠵᠦ ᠦᠭᠭᠦᠭᠰᠡᠨ ᠵᠦᠢᠯ ᠪᠣᠯ ᠪᠣᠷᠣ ᠳᠠᠷᠠᠰᠤ᠃ ᠰᠠᠷᠬᠤᠳ ᠲᠤ᠌ ᠰᠢᠨᠤᠭᠯᠠᠨ ᠤᠬᠠᠭᠠᠨ ᠢ᠋ᠶ᠋ᠠᠨ ᠠᠯᠳᠠᠨ᠎ᠠ ᠭᠡᠳᠡᠭ ᠳᠠᠷᠠᠭ᠎ᠠ ᠨᠢᠭᠡᠨ ᠡᠳᠦᠷ ᠵᠠᠰᠠᠵᠤ ᠪᠣᠯᠬᠤ ᠦᠭᠡᠢ ᠠᠯᠳᠠᠭ᠎ᠠ ᠶ᠋ᠢ ᠢᠮᠠᠭᠲᠠ ᠠᠪᠴᠤ ᠢᠷᠡᠳᠡᠭ ᠪᠣᠯᠬᠤ ᠶ᠋ᠢ ᠰᠠᠨᠠᠭᠤᠯᠬᠤ ᠨᠢ ᠢᠯᠡᠭᠦᠳᠡᠬᠦ ᠦᠭᠡᠢ ᠪᠢᠵᠡ ᠭᠡᠪᠡ᠃ ᠡᠨᠡ ᠦᠭᠡ ᠶ᠋ᠢ ᠰᠣᠨᠣᠰᠤᠭᠰᠠᠨ ᠬᠠᠭᠠᠨ ᠡᠵᠡᠨ《ᠰᠤᠷᠬᠠᠭᠲᠠᠨᠢ ᠶ᠋ᠢᠨ ᠡᠨᠡ ᠦᠭᠡ ᠬᠡᠳᠦᠢᠪᠡᠷ ᠬᠥᠶᠦᠭ ᠲᠦ᠍ ᠬᠠᠨᠳᠤᠨ ᠬᠡᠯᠡᠭᠰᠡᠨ ᠪᠣᠯᠪᠠᠴᠤ ᠬᠥᠶᠦᠭ ᠢ᠋ᠶ᠋ᠡᠷ ᠳᠠᠭᠠᠷᠢᠭᠤᠯᠤᠨ ᠨᠠᠳᠠ ᠳ᠋ᠤ᠌ ᠬᠡᠯᠡᠵᠦ ᠪᠠᠢᠭ᠎ᠠ ᠬᠡᠷᠡᠭ᠃ ᠥᠨᠥ ᠪᠢ ᠬᠦᠦ ᠪᠡᠨ ᠵᠢᠮᠡᠯᠡᠨ ᠪᠤᠷᠤᠭᠤᠳᠬᠠᠵᠤ ᠪᠠᠢᠭ᠎ᠠ ᠴᠤ᠌ ᠥᠪᠡᠷ ᠲᠦ᠍ ᠮᠢᠨᠢ ᠡᠨᠡ ᠦᠨᠡᠨ ᠢ᠋ ᠰᠠᠨᠠᠭᠤᠯᠤᠨ ᠬᠡᠯᠡᠬᠦ ᠬᠥᠮᠦᠨ ᠰᠤᠷᠬᠠᠭᠲᠠᠨᠢ ᠠ᠋ᠴᠠ ᠥᠭᠡᠷ᠎ᠡ ᠪᠣᠢ ᠪᠢᠯᠡ ᠤᠤ》 ᠭᠡᠵᠦ ᠪᠣᠳᠣᠪᠠ᠃ ᠭᠡᠪᠡᠴᠦ ᠲᠡᠷᠡ ᠥᠩᠭᠡᠨ ᠳᠡᠭᠡᠷ᠎ᠡ ᠪᠡᠨ ᠬᠠᠲᠤᠨ ᠤ᠋ ᠦᠭᠡ ᠶ᠋ᠢ ᠳᠡᠮᠵᠢᠭᠰᠡᠨ ᠦᠭᠡᠢ᠃
    — ᠪᠣᠷᠣ ᠳᠡᠷᠡᠰᠦᠨ ᠳ᠋ᠦ᠍ ᠬᠥᠯᠴᠥᠭᠦᠷᠡᠬᠦ ᠳ᠋ᠡᠭᠡᠨ ᠴᠦ᠍ ᠪᠣᠳᠣᠯ ᠤᠬᠠᠭᠠᠨ ᠢ᠋ᠶ᠋ᠠᠨ ᠴᠡᠭᠴᠡᠯᠡᠵᠦ ᠶᠠᠪᠤᠬᠤ ᠨᠢ ᠶᠡᠬᠡᠰ ᠳᠡᠭᠡᠳᠦᠰ ᠦ᠋ᠨ ᠶᠣᠰᠣ ᠲᠤᠯᠠ ᠪᠢ ᠭᠦᠶᠦᠭ ᠢ᠋ ᠥᠪᠡᠷ ᠦ᠋ᠨ ᠮᠠᠭᠤ ᠠ᠋ᠴᠠ ᠪᠣᠯᠵᠤ ᠡᠨᠡ ᠬᠡᠷᠡᠭ ᠢ᠋ ᠲᠠᠷᠢᠯ᠎ᠠ ᠭᠡᠵᠦ ᠦᠵᠡᠨ᠎ᠡ ᠭᠡᠪᠡ᠃ ᠰᠤᠷᠬᠠᠭᠲᠠᠨᠢ ᠥᠪᠡᠷ ᠦ᠋ᠨ ᠬᠢᠨᠢ ᠬᠡᠯᠡᠭᠰᠡᠨ ᠦᠭᠡ ᠬᠠᠭᠠᠨ ᠡᠵᠡᠨ ᠳ᠋ᠦ᠍ ᠲᠠᠭᠠᠯᠠᠭᠳᠠᠭᠰᠠᠨ ᠦᠭᠡᠢ ᠪᠣᠯᠬᠤ ᠶ᠋ᠢ ᠠᠩᠵᠠᠭᠠᠷᠠᠪᠠ᠃ ᠥᠭᠡᠳᠡᠢ ᠬᠠᠭᠠᠨ ᠬᠥᠶᠦᠭ᠂ ᠪᠤᠷᠭᠢ ᠨᠠᠷ ᠲᠤ᠌ ᠬᠠᠨᠳᠤᠨ᠂
    — ᠶᠧᠯᠢᠥᠢ ᠴᠦᠼᠠᠢ ᠶ᠋ᠢᠨ ᠬᠡᠯᠡᠭᠰᠡᠨᠴᠢᠯᠡᠨ ᠬᠠᠭᠠᠨ ᠡᠴᠢᠭᠡ ᠮᠢᠨᠢ ᠨᠢᠭᠡᠨᠲᠡ ᠴᠡᠷᠢᠭ ᠦ᠋ᠨ ᠬᠡᠷᠡᠭ ᠢ᠋ ᠬᠡᠭᠡᠷ᠎ᠡ ᠲᠠᠯ᠎ᠠ ᠳ᠋ᠤ᠌ ᠰᠢᠢᠳᠴᠦ ᠪᠠᠢᠭᠰᠠᠨ᠂ ᠶᠡᠬᠡ ᠴᠡᠷᠢᠭ ᠢ᠋ᠶ᠋ᠡᠨ ᠣᠷᠬᠢᠨ ᠵᠠᠷᠭᠤ ᠬᠢᠬᠦ ᠪᠡᠷ ᠢᠷᠡᠭᠰᠡᠨ ᠶᠠᠭᠠᠬᠢᠭᠰᠠᠨ ᠪᠥᠬᠡ ᠰᠡᠳᠬᠢᠯ ᠪᠣᠢ᠂ ᠲᠠ ᠨᠠᠷ ᠦᠳᠲᠡᠷ ᠲᠦᠷᠭᠡᠨ ᠪᠤᠴᠠᠨ ᠥᠪᠡᠷ ᠦ᠋ᠨ ᠴᠡᠷᠢᠭ ᠲᠡᠭᠡᠨ ᠣᠴᠢ ᠭᠡᠮᠡᠨ ᠵᠠᠩᠳᠤᠷᠤᠯ᠎ᠠ᠃ ᠬᠥᠶᠦᠭ᠂ ᠬᠠᠭᠠᠨ ᠡᠴᠢᠭᠡ ᠳ᠋ᠡᠭᠡᠨ ᠬᠦᠦ ᠶ᠋ᠢᠨ ᠶᠣᠰᠣ ᠪᠠᠷ ᠢᠷᠡᠭᠰᠡᠨ ᠠᠲᠠᠯ᠎ᠠ ᠲᠡᠷᠡ ᠢᠩᠭᠢᠵᠦ ᠪᠤᠴᠠᠭᠠᠵᠤ ᠪᠠᠢᠭ᠎ᠠ ᠨᠢ ᠦᠨᠡᠬᠡᠷ ᠦ᠋ᠨ ᠢᠴᠢᠬᠡᠪᠳᠦᠷ ᠬᠡᠷᠡᠭ ᠪᠣᠯᠪᠠ᠃ ᠬᠠᠭᠠᠨ ᠨᠢᠭᠡᠨᠲᠡ ᠵᠠᠷᠯᠢᠭᠳᠠᠭᠰᠠᠨ ᠪᠣᠯᠬᠣᠷ ᠭᠦᠶᠦᠭ ᠲᠦ᠍ ᠥᠪᠡᠷ ᠢ᠋ ᠪᠡᠨ ᠵᠥᠪᠲᠡᠬᠡᠨ ᠲᠠᠢᠯᠪᠤᠷᠢᠯᠠᠬᠤ᠂ ᠠᠯᠲᠠᠨ ᠤᠷᠤᠭ ᠤ᠋ᠨ ᠬᠢᠨ ᠳ᠋ᠦ᠍ ᠥᠪᠡᠷ ᠦ᠋ᠨ ᠳᠣᠲᠣᠭᠠᠳᠤ ᠰᠡᠳᠬᠢᠯ ᠢ᠋ᠶ᠋ᠡᠨ ᠣᠢᠯᠠᠭᠠᠭᠤᠯᠬᠤ ᠪᠣᠯᠤᠮᠵᠢ ᠭᠠᠷᠤᠭᠰᠠᠨ ᠦᠭᠡᠢ᠃ ᠬᠠᠭᠠᠨ ᠤ᠋ ᠥᠭᠡᠳᠡ ᠡᠴᠡ ᠶᠠᠮᠠᠷ ᠴᠤ᠌ ᠦᠭᠡ ᠥᠴᠢᠬᠦ ᠠᠷᠭ᠎ᠠ ᠦᠭᠡᠢ ᠪᠡᠷ ᠥᠷᠭᠥᠭᠡ ᠶ᠋ᠢ ᠣᠷᠬᠢᠨ ᠭᠠᠷᠤᠯ᠎ᠠ᠃ ᠭᠦᠶᠦᠭ᠂ ᠪᠤᠷᠭᠢ ᠶ᠋ᠢᠨ ᠬᠠᠮᠲᠤ ᠦᠷᠭᠦᠭᠡᠨ ᠡᠴᠡ ᠭᠠᠷᠴᠤ ᠢᠷᠡᠬᠦ ᠳ᠋ᠦ᠍ ᠣᠷᠣᠢ ᠨᠠᠷᠠ ᠵᠢᠷᠭᠠᠵᠤ ᠰᠢᠵᠢᠷᠬᠡᠨ ᠲᠤᠶᠠᠭ᠎ᠠ ᠨᠢ ᠪᠠᠷᠠᠭᠤᠨ ᠠᠭᠤᠯᠠ ᠶ᠋ᠢᠨ ᠰᠤᠭᠤ ᠪᠠᠷ ᠴᠤᠬᠤᠯᠵᠠᠨ ᠪᠠᠢᠪᠠ᠃ ᠲᠡᠷᠡ ᠵᠦᠭ ᠲᠦ᠍ ᠶᠡᠬᠡ ᠠᠶᠠᠨ ᠲᠡᠢᠨ ᠣᠳᠣ ᠬᠢᠷᠢ ᠳᠠᠭᠤᠰᠤᠭ᠎ᠠ ᠦᠭᠡᠢ ᠦᠷᠭᠦᠯᠵᠢᠯᠡᠵᠦ ᠪᠠᠢᠭ᠎ᠠ᠃ ᠬᠡᠷᠬᠢᠬᠦ ᠨᠢ ᠲᠣᠳᠣᠷᠬᠠᠢ ᠦᠭᠡᠢ ᠲᠡᠢᠨ ᠦ᠌ ᠲᠠᠯᠠᠪᠤᠷ ᠲᠤ᠌ ᠣᠷᠬᠢᠨ ᠢᠷᠡᠭᠰᠡᠨ ᠴᠡᠷᠢᠭ ᠡᠷᠡᠰ ᠨᠢ ᠲᠡᠳᠡᠨ ᠢ᠋ ᠬᠦᠯᠢᠶᠡᠵᠦ ᠪᠠᠢᠭ᠎ᠠ᠃《ᠭᠡᠷ ᠡᠴᠡ ᠪᠡᠨ ᠭᠠᠷᠤᠭᠠᠳ ᠡᠷ᠎ᠡ ᠬᠥᠮᠦᠨ ᠰᠢᠭ ᠶᠠᠪᠤᠵᠤ ᠴᠢᠳᠠᠭᠰᠠᠨ ᠦᠭᠡᠢ》 ᠭᠡᠵᠦ ᠬᠡᠯᠡᠭᠰᠡᠨ ᠬᠠᠭᠠᠨ ᠡᠴᠢᠭᠡ ᠶ᠋ᠢᠨ ᠦᠭᠡ ᠣᠳᠣ ᠴᠤ᠌ ᠴᠢᠬᠢᠨ ᠳ᠋ᠦ᠍ᠨᠢ ᠰᠣᠨᠣᠰᠤᠭᠳᠠᠭᠰᠠᠭᠠᠷ᠃ ᠲᠡᠷᠡ ᠬᠠᠮᠲᠤ ᠵᠢᠮᠡᠯᠡᠭᠦᠯᠦᠭᠰᠡᠨ ᠪᠣᠷᠭᠢ ᠶ᠋ᠢ ᠬᠠᠷᠠᠪᠠᠯ ᠬᠥᠶᠦᠭ ᠦ᠋ᠨ ᠠᠳᠠᠯᠢ ᠪᠣᠳᠣᠯ ᠳ᠋ᠤ᠌ ᠠᠪᠲᠠᠵᠠᠢ᠃ ᠡᠨᠡ ᠬᠣᠶᠠᠷ ᠬᠥᠮᠦᠨ ᠬᠠᠨ ᠬᠥᠪᠡᠭᠦᠳ ᠦ᠋ᠨ ᠳᠤᠮᠳᠠᠬᠢ ᠮᠠᠷᠭᠤᠭᠠᠨ ᠠ᠋ᠴᠠ ᠪᠣᠯᠤᠭᠠᠳ ᠬᠡᠳᠦᠨ ᠰᠠᠷ᠎ᠠ ᠶ᠋ᠢᠨ ᠭᠠᠵᠠᠷ ᠢ᠋ ᠲᠤᠭᠤᠯᠤᠨ ᠪᠠᠢᠵᠤ ᠮᠣᠩᠭᠣᠯ ᠤ᠋ᠨ ᠲᠠᠯ᠎ᠠ ᠨᠤᠲᠤᠭ ᠲᠠᠭᠠᠨ ᠬᠡᠷᠡᠭ ᠵᠠᠷᠭᠤ ᠬᠢᠨ ᠢᠷᠡᠭᠰᠡᠨ ᠮᠡᠲᠦ ᠪᠠᠢᠪᠠᠴᠤ ᠴᠠᠭᠠᠨ᠎ᠠ ᠪᠠᠨ ᠶᠡᠬᠡ ᠬᠠᠭᠠᠨ ᠰᠠᠭᠤᠬᠤ ᠨᠢᠭᠤᠴᠠᠬᠠᠨ ᠬᠦᠰᠡᠯ ᠳᠡᠭᠡᠬᠡᠨ ᠢᠷᠡᠭᠰᠡᠨ ᠪᠢᠯᠡ᠃ ᠰᠠᠨᠠᠭᠰᠠᠨ ᠬᠡᠷᠡᠭ ᠲᠠᠯᠠᠭᠠᠷ ᠪᠣᠯᠤᠯ᠎ᠠ᠃ ᠬᠡᠷᠬᠢᠨ ᠪᠤᠴᠠᠬᠤ ᠪᠣᠢ᠂ ᠣᠴᠢᠭᠠᠳ ᠶᠠᠭᠤ ᠭᠡᠵᠦ ᠬᠡᠯᠡᠬᠦ ᠪᠣᠢ᠂ ᠳᠠᠢᠴᠢᠨ ᠡᠷᠡᠰ ᠦ᠋ᠨ ᠢ᠋ᠶ᠋ᠡᠨ ᠨᠢᠭᠤᠷ ᠢ᠋ ᠬᠡᠷᠬᠢᠨ ᠬᠠᠷᠠᠵᠤ᠂ ᠲᠡᠳᠡᠨ ᠦ᠌ ᠡᠮᠦᠨ᠎ᠡ ᠳᠠᠬᠢᠨ ᠬᠡᠷᠬᠢᠨ ᠪᠠᠭᠠᠲᠤᠷᠯᠢᠭ ᠢ᠋ᠶ᠋ᠠᠷ ᠵᠣᠭᠰᠣᠬᠤ ᠪᠣᠢ? ᠲᠡᠨᠳᠡ ᠣᠴᠢᠬᠤ ᠳ᠋ᠤ᠌ ᠠᠬᠢᠭᠠᠳ ᠬᠡᠴᠢᠨᠡᠭᠡᠨ ᠬᠣᠨᠣᠭ ᠬᠡᠷᠡᠭᠲᠡᠢ ᠪᠣᠢ?
    ᠬᠠᠷᠠᠬᠣᠷᠣᠮ ᠤ᠋ᠨ ᠰᠡᠪᠡᠯᠵᠡᠭᠦᠷ ᠰᠠᠯᠬᠢᠨ ᠴᠢᠬᠢᠨ ᠦ᠌ ᠬᠠᠵᠠᠭᠤ ᠪᠠᠷ ᠬᠤᠤᠭᠢᠨ ᠢᠰᠬᠡᠷᠴᠦ ᠪᠠᠢᠯ᠎ᠠ᠃ ᠪᠠᠷᠠᠭᠤᠨ ᠠᠭᠤᠯᠠ ᠶ᠋ᠢᠨ ᠰᠤᠭᠤ ᠪᠠᠷ ᠵᠢᠷᠭᠠᠨ ᠪᠣᠢ ᠨᠠᠷᠠ ᠶ᠋ᠢ ᠬᠠᠷᠠᠨ ᠵᠣᠭᠰᠣᠬᠤ ᠭᠦᠶᠦᠭ ᠢ᠋ ᠬᠠᠷᠠᠭᠰᠠᠨ ᠪᠤᠷᠭᠢ ᠨᠥᠭᠦᠭᠡ ᠬᠡᠨᠡᠭ ᠦᠭᠡᠢ ᠵᠠᠩ ᠢ᠋ᠶ᠋ᠠᠷ ᠢ᠋ᠶ᠋ᠠᠨ᠄
    — ᠴᠢᠨᠦ ᠨᠠᠷᠠ ᠴᠤ᠌ ᠵᠢᠷᠭᠠᠵᠤ ᠪᠠᠢᠨ᠎ᠠ ᠳᠠ ᠭᠡᠵᠦ ᠬᠡᠯᠡᠭᠡᠳ ᠭᠦᠳ ᠭᠦᠳ ᠢᠨᠢᠶᠡᠨ ᠴᠠᠭᠠᠰᠢ ᠠᠯᠬᠤᠪᠠ᠃ ᠬᠣᠷᠣ ᠮᠠᠯᠲᠠᠭᠰᠠᠨ ᠪᠣᠷᠭᠢ ᠶ᠋ᠢᠨ ᠡᠨᠡ ᠦᠭᠡ ᠶ᠋ᠢᠨ ᠬᠠᠷᠢᠭᠤ ᠳ᠋ᠤ᠌ ᠬᠥᠶᠦᠭ ᠵᠢᠷᠭᠠᠵᠤ ᠪᠣᠢ ᠨᠠᠷᠠᠨ ᠠ᠋ᠴᠠ ᠬᠠᠷᠠᠴᠠ ᠪᠠᠨ ᠦᠯᠦ ᠰᠠᠯᠭᠠᠨ᠂
    — ᠮᠠᠷᠭᠠᠰᠢ ᠳᠠᠬᠢᠭᠠᠳ ᠨᠠᠷᠠ ᠮᠠᠨᠳᠤᠨ᠎ᠠ᠃ ᠨᠠᠷᠠ ᠮᠠᠨᠳᠤᠬᠤ ᠯᠠ ᠪᠣᠯᠤᠨ᠎ᠠ᠃ ᠴᠢ ᠬᠠᠷᠠᠭᠠᠷᠠᠢ ᠭᠡᠬᠦ ᠳ᠋ᠦ᠍ ᠪᠤᠷᠬᠢ ᠡᠷᠭᠢᠨ ᠬᠠᠷᠠᠵᠤ᠂
    — ᠮᠠᠷᠭᠠᠰᠢ ᠨᠠᠷᠠ ᠮᠠᠨᠳᠤᠭᠠᠳ ᠴᠤ᠌ ᠶᠠᠭᠠᠬᠢᠬᠤ ᠶᠤᠮ ᠪᠢᠯᠡ? ᠭᠡᠮᠡᠨ ᠶᠥᠭᠡ ᠲᠡᠢ ᠥᠭᠦᠯᠡᠪᠡ᠃
    — ᠮᠠᠷᠭᠠᠰᠢ ᠶ᠋ᠢᠨ ᠮᠠᠨᠳᠤᠬᠤ ᠨᠠᠷᠠ ᠲᠠᠢ ᠵᠡᠷᠭᠡᠴᠡᠨ ᠪᠢ ᠬᠠᠭᠠᠨ ᠰᠠᠭᠤᠬᠤ ᠪᠣᠯᠤᠨ᠎ᠠ᠃ ᠲᠡᠷᠡ ᠦᠶ᠎ᠡ ᠳ᠋ᠦ᠍ ᠪᠢ ᠪᠠᠲᠤ ᠠ᠋ᠴᠠ ᠢᠯᠡᠭᠦᠦ ᠬᠠᠭᠠᠨ ᠪᠣᠯᠤᠨ᠎ᠠ ᠭᠡᠵᠦ ᠬᠡᠯᠡᠭᠡᠳ ᠪᠤᠷᠬᠢ ᠶ᠋ᠢᠨ ᠠᠷᠤ ᠠ᠋ᠴᠠ ᠠᠯᠬᠤᠯ᠎ᠠ᠃ ᠥᠨᠥᠳᠥᠷ ᠦ᠋ᠨ ᠨᠠᠷᠠ ᠵᠢᠷᠭᠠᠨ ᠪᠣᠢ ᠬᠡᠳᠦᠢ ᠴᠤ᠌ ᠮᠠᠷᠭᠠᠰᠢ ᠨᠠᠷᠠ ᠮᠠᠨᠳᠤᠳᠠᠭ ᠢ᠋ᠶ᠋ᠠᠷ ᠢ᠋ᠶ᠋ᠠᠨ ᠮᠠᠨᠳᠤᠬᠤ ᠪᠣᠯᠤᠨ᠎ᠠ᠃ ᠲᠡᠷᠡ ᠨᠠᠷᠠ ᠴᠣᠬᠣᠮ ᠬᠡᠨ ᠦ᠌ ᠬᠢ ᠪᠠᠢᠬᠤ ᠶ᠋ᠢ ᠮᠥᠩᠬᠡ ᠲᠩᠷᠢ ᠮᠡᠳᠡᠬᠦ ᠪᠢᠵᠡ᠃
       ᠥᠭᠡᠳᠡᠢ ᠬᠠᠭᠠᠨ ᠵᠠᠷᠯᠢᠭ ᠪᠠᠭᠤᠯᠭᠠᠨ ᠨᠢᠭᠡᠨ ᠬᠥᠮᠦᠨ ᠢ᠋ ᠳᠠᠭᠤᠳᠠᠭᠤᠯᠤᠭᠰᠠᠨ ᠪᠠᠢᠪᠠ᠃ ᠡᠨᠡ ᠬᠥᠮᠦᠨ ᠢ᠋ ᠥᠭᠡᠳᠡᠢ ᠬᠠᠭᠠᠨ᠂ ᠡᠴᠢᠭᠡ ᠬᠠᠭᠠᠨ ᠤ᠋ ᠪᠠᠨ ᠦᠶ᠎ᠡ ᠡᠴᠡ ᠰᠠᠢᠨ ᠮᠡᠳᠡᠬᠦ ᠪᠣᠯᠤᠭᠰᠠᠨ᠃ ᠣᠯᠠᠨ ᠵᠢᠯ ᠦ᠋ᠨ ᠲᠤᠷᠰᠢᠯᠭ᠎ᠠ᠂ ᠬᠤᠷᠴᠠ ᠮᠡᠷᠭᠡᠨ ᠤᠬᠠᠭᠠᠨ ᠢ᠋ᠶ᠋ᠠᠷ ᠢ᠋ᠶ᠋ᠠᠨ ᠭᠠᠵᠠᠷ ᠨᠤᠲᠤᠭ ᠲᠠᠭᠠᠨ ᠭᠠᠢᠬᠠᠭᠳᠠᠵᠤ ᠢᠷᠡᠭᠰᠡᠨ ᠮᠠᠬᠠᠮᠥ᠋ᠳ᠋ ᠶᠡᠯᠡᠸᠡᠴᠢ ᠬᠡᠮᠡᠬᠦ ᠡᠨᠡ ᠬᠥᠮᠦᠨ ᠢ᠋ ᠬᠠᠭᠠᠨ ᠵᠠᠷᠯᠢᠭᠳᠠᠨ ᠬᠠᠷᠠᠬᠣᠷᠣᠮ ᠳ᠋ᠤ᠌ ᠢᠷᠡᠭᠦᠯᠵᠡᠢ ᠮᠠᠬᠠᠮᠥ᠋ᠳ᠋ ᠶᠡᠯᠡᠸᠡᠴᠢ ᠳᠤᠮᠳᠠ ᠵᠡᠷᠭᠡ ᠶ᠋ᠢᠨ ᠨᠢᠷᠤᠭᠤ ᠲᠠᠢ᠂ ᠪᠤᠭᠤᠷᠤᠯ
 ᠦᠰᠦ ᠲᠡᠢ᠂ ᠵᠤᠵᠠᠭᠠᠨ ᠤᠷᠤᠭᠤᠯ᠂ ᠬᠥᠩᠬᠥᠷ ᠨᠢᠳᠦ ᠲᠡᠢ ᠠᠵᠤᠭᠤ᠃ ᠮᠠᠬᠠᠮᠥ᠋ᠳ᠋ ᠶᠡᠯᠡᠸᠡᠴᠢ ᠴᠢᠩᠭᠢᠰ ᠬᠠᠭᠠᠨ ᠲᠠᠢ ᠰᠣᠨᠢᠨ ᠲᠡᠦᠬᠡ ᠪᠡᠷ ᠲᠠᠨᠢᠯᠴᠠᠵᠤ ᠪᠠᠢᠭᠰᠠᠨ ᠬᠥᠮᠦᠨ᠃  ᠴᠢᠩᠭᠢᠰ ᠬᠠᠭᠠᠨ ᠨᠢᠭᠡᠨᠲᠡ ᠦᠬᠦᠯ ᠦ᠋ᠨ ᠴᠦᠯ ᠢ᠋ ᠲᠤᠭᠤᠯᠵᠤ ᠪᠤᠬᠠᠷ ᠬᠣᠲᠠ ᠶ᠋ᠢ ᠡᠵᠡᠯᠡᠨ ᠠᠪᠴᠤ ᠪᠠᠢᠬᠤ ᠳ᠋ᠤ᠌ ᠲᠡᠢᠨ ᠦ᠌ ᠬᠥᠯ ᠳ᠋ᠦ᠍ ᠠᠰᠠᠭᠰᠠᠨ ᠭᠠᠯ ᠡᠨᠡ ᠬᠣᠲᠠ ᠶ᠋ᠢᠨ ᠨᠣᠮ ᠤ᠋ᠨ ᠰᠠᠩ ᠢ᠋ ᠰᠢᠲᠠᠭᠠᠵᠤ ᠪᠠᠢᠯ᠎ᠠ᠃ ᠡᠨᠡ ᠦᠶ᠎ᠡ ᠳ᠋ᠦ᠍ ᠬᠠᠭᠠᠨ ᠡᠵᠡᠨ ᠳ᠋ᠦ᠍ ᠵᠣᠷᠢᠭ ᠭᠠᠷᠭᠠᠨ ᠪᠠᠷᠠᠯᠬᠠᠬᠤ ᠪᠠᠷ ᠢᠷᠡᠭᠰᠡᠨ ᠬᠥᠮᠦᠨ ᠪᠣᠯ ᠮᠠᠬᠠᠯᠥ᠋ᠳ᠋ ᠶᠠᠯᠠᠸᠠᠴᠢ ᠪᠠᠢᠭᠰᠠᠨ ᠶᠤᠮ᠃ ᠲᠡᠷᠡ ᠬᠠᠭᠠᠨ ᠤ᠋ ᠡᠮᠦᠨ᠎ᠡ ᠢᠷᠡᠵᠦ ᠡᠪᠦᠳᠦᠭ ᠰᠥᠬᠥᠷᠡᠨ ᠬᠦᠨᠳᠦᠳᠬᠡᠯ ᠦᠵᠡᠭᠦᠯᠦᠭᠡᠳ᠂《ᠬᠠᠭᠠᠨ ᠡᠵᠡᠨ ᠮᠢᠨᠢ ᠲᠠᠨ ᠠ᠋ᠴᠠ ᠭᠠᠭᠴᠠᠬᠠᠨ ᠶᠠᠭᠤᠮ᠎ᠠ ᠭᠤᠶᠤᠶ᠎ᠠ》ᠭᠡᠵᠦ ᠬᠡᠯᠡᠭᠡᠳ ᠲᠡᠢᠨ ᠦ᠌ ᠬᠥᠯ ᠳ᠋ᠦ᠍ ᠰᠢᠳᠡᠵᠦ ᠪᠠᠢᠭ᠎ᠠ ᠨᠣᠮ ᠤ᠋ᠨ ᠰᠠᠩ ᠢ᠋ ᠵᠢᠭᠠᠨ᠂
    —ᠡᠨᠡ ᠭᠠᠯ ᠢ᠋ ᠵᠣᠭᠰᠣᠭᠠᠵᠤ᠂ ᠨᠣᠮ ᠤ᠋ᠨ ᠰᠠᠩ ᠳᠣᠲᠣᠷᠠᠬᠢ ᠨᠣᠮ ᠤ᠋ᠳ ᠢ᠋ ᠰᠢᠲᠠᠬᠤ ᠠ᠋ᠴᠠ ᠬᠠᠮᠠᠭᠠᠯᠠᠵᠤ ᠥᠭᠭᠦᠨ᠎ᠡ ᠤᠤ! ᠲᠡᠭᠦᠨ ᠢ᠋ ᠰᠢᠲᠠᠭᠠᠬᠤ ᠶ᠋ᠢᠨ ᠣᠷᠣᠨ ᠳ᠋ᠤ᠌ ᠨᠠᠮᠠᠢ ᠠᠯᠠᠨ᠎ᠠ ᠤᠤ ᠭᠡᠮᠡᠨ ᠬᠡᠯᠡᠭᠰᠡᠨ ᠶᠦᠮ᠃ ᠨᠠᠨ ᠭᠠᠯ ᠴᠢᠩᠭᠢᠰ ᠬᠠᠭᠠᠨ ᠤ᠋ ᠴᠡᠷᠢᠭ ᠦ᠋ᠳ ᠲᠠᠯᠪᠢᠭ᠎ᠠ ᠦᠭᠡᠢ ᠪᠠᠢᠪᠠ᠃ ᠲᠡᠢᠨ ᠰᠠᠮᠠᠭᠤᠨ ᠤ᠋ ᠦᠢᠮᠡᠭᠡᠨ ᠳ᠋ᠦ᠍ ᠬᠡᠨ ᠲᠠᠯᠪᠢᠭᠰᠠᠨ ᠢ᠋ ᠮᠡᠳᠡᠭᠰᠡᠨ ᠦᠭᠡᠢ᠃ ᠴᠢᠩᠭᠢᠰ ᠬᠠᠭᠠᠨ ᠳᠠᠷᠤᠢ ᠴᠡᠷᠢᠭ ᠶᠠᠪᠤᠭᠤᠯᠤᠨ ᠭᠠᠯ ᠢ᠋ ᠤᠨᠲᠠᠷᠠᠭᠠᠵᠤ ᠣᠯᠠᠨ ᠮᠢᠩᠭᠠᠨ ᠨᠣᠮ ᠲᠠᠢ ᠨᠣᠮ ᠤ᠋ᠨ ᠰᠠᠩ ᠢ᠋ ᠭᠠᠯ ᠳ᠋ᠤ᠌ ᠬᠠᠢᠯᠬᠤ ᠠ᠋ᠴᠠ ᠬᠠᠮᠠᠭᠠᠯᠠᠭᠰᠠᠨ ᠤ᠋ ᠳᠠᠷᠠᠭ᠎ᠠ ᠮᠠᠬᠠᠮᠥ᠋ᠳ᠋ ᠶᠠᠯᠠᠸᠠᠴᠢ ᠶ᠋ᠢ ᠠᠯᠠᠬᠤ ᠶ᠋ᠢ ᠪᠦᠦ ᠬᠡᠯᠡ᠂ ᠲᠡᠭᠦᠨ ᠦ᠌ ᠦᠨᠡᠨ ᠰᠡᠳᠬᠢᠯ᠂ ᠡᠷ᠎ᠡ ᠵᠣᠷᠢᠭ᠂ ᠨᠣᠮ ᠡᠷᠳᠡᠮ ᠢ᠋ ᠬᠠᠢᠷᠠᠯᠠᠨ ᠳᠡᠭᠡᠳᠦᠯᠡᠬᠦ ᠤᠬᠠᠭᠠᠨ ᠢ᠋ ᠪᠠᠬᠠᠳᠤᠨ ᠪᠤᠰᠤᠳ ᠲᠤ ᠦᠯᠢᠭᠡᠷ ᠳᠠᠭᠤᠷᠢᠶᠠᠯ ᠪᠣᠯᠭᠠᠨ ᠶᠠᠷᠢᠭᠰᠠᠨ ᠪᠠᠢᠳᠠᠭ᠃ ᠡᠨᠡ ᠴᠠᠭ ᠠ᠋ᠴᠠ ᠮᠠᠬᠠᠮᠥ᠋ᠳ᠋ ᠶᠠᠮᠠᠸᠠᠴᠢ ᠲᠠᠯ᠎ᠠ ᠨᠤᠲᠤᠭ ᠲᠤ ᠴᠤ᠌ ᠳᠣᠮᠣᠭ ᠪᠣᠯᠤᠨ ᠶᠠᠷᠢᠭᠳᠠᠬᠤ ᠨᠢᠭᠡᠨ ᠪᠣᠯᠵᠠᠢ᠃ ᠬᠠᠭᠠᠨ ᠤ᠋ ᠵᠠᠷᠯᠢᠭ ᠶᠣᠰᠣ ᠪᠠᠷ ᠡᠮᠦᠨ᠎ᠡ ᠨᠢ ᠢᠷᠡᠵᠦ ᠪᠠᠷᠠᠯᠬᠠᠨ ᠰᠠᠭᠤᠭᠰᠠᠨ ᠮᠠᠬᠠᠮᠥ᠋ᠳ᠋ ᠶᠠᠯᠠᠸᠠᠴᠢ ᠳ᠋ᠤ᠌ ᠥᠭᠡᠳᠡᠢ ᠬᠠᠭᠠᠨ ᠨᠢᠭᠡᠨ ᠡᠷᠬᠢᠮ ᠡᠭᠦᠷᠭᠡ ᠶ᠋ᠢ ᠬᠦᠯᠢᠶᠡᠯᠭᠡᠬᠦ ᠪᠡᠷ ᠳᠠᠭᠤᠳᠠᠭᠤᠯᠤᠭᠰᠠᠨ ᠪᠠᠢᠵᠠᠢ᠃
    — ᠮᠠᠬᠠᠮᠥ᠋ᠳ᠋ ᠶᠠᠯᠠᠸᠠᠴᠢ ᠲᠠᠯ᠎ᠠ ᠨᠤᠲᠤᠭ ᠲᠤ ᠢᠷᠡᠭᠡᠳ ᠢᠳᠡᠭᠡᠰᠢᠨ ᠲᠡᠰᠴᠦ ᠪᠠᠢᠨ᠎ᠠ ᠤᠤ?
    — ᠬᠠᠭᠠᠨ ᠡᠵᠡᠨ ᠦ᠌ ᠠᠪᠤᠷᠠᠯ ᠬᠡᠰᠢᠭ ᠢ᠋ᠶ᠋ᠡᠷ ᠪᠠᠢᠷᠢ ᠰᠠᠭᠤᠷᠢ ᠪᠠᠨ ᠣᠯᠵᠤ ᠠᠪᠤᠨ᠂ ᠠᠮᠢᠳᠤᠷᠠᠯ ᠠᠬᠤᠢ ᠪᠠᠨ ᠡᠬᠢᠯᠡᠭᠡᠳ ᠪᠠᠢᠨ᠎ᠠ ᠳᠠ᠃
    — ᠪᠢ ᠴᠢᠮᠠᠢ ᠨᠤᠲᠤᠭ ᠣᠷᠣᠨ ᠠ᠋ᠴᠠ ᠴᠢᠨᠢ ᠵᠦᠭᠡᠷ ᠨᠢᠭᠡ ᠳᠠᠭᠤᠳᠠᠭᠤᠯᠤᠭᠰᠠᠨ ᠦᠭᠡᠢ᠂ ᠴᠢᠨᠦ ᠮᠡᠳᠡᠯᠭᠡ ᠤᠬᠠᠭᠠᠨ ᠢ᠋ ᠬᠠᠭᠠᠨ ᠡᠴᠢᠭᠡ ᠶ᠋ᠢᠨ ᠦᠶ᠎ᠡ ᠡᠴᠡ ᠣᠯᠠᠨᠲᠠ ᠲᠤᠭᠤᠯᠵᠤ ᠰᠣᠨᠣᠰᠴᠤ ᠪᠠᠢᠭᠰᠠᠨ ᠤ᠋ ᠤᠴᠢᠷ ᠨᠢᠭᠡᠨ ᠬᠦᠰᠡᠯ ᠲᠠᠯᠪᠢᠬᠤ ᠭᠡᠰᠡᠨ ᠬᠡᠷᠡᠭ᠃ ᠥᠨᠥ ᠬᠠᠭᠠᠨᠲᠤ ᠤᠯᠤᠰ ᠬᠠᠶᠠᠭ᠎ᠠ ᠪᠠᠨ ᠲᠡᠯᠡᠵᠦ᠂ ᠪᠢᠳᠡᠨ ᠳ᠋ᠦ᠍ ᠨᠢᠭᠡᠳᠦᠭᠡ ᠦᠭᠡᠢ ᠤᠯᠤᠰ ᠣᠷᠣᠨ ᠴᠥᠭᠡᠨ ᠦᠯᠡᠳᠡᠭᠰᠡᠨ ᠴᠤ᠌ ᠠᠰᠤᠷᠤ ᠠᠭᠤᠳᠠᠮ ᠭᠠᠵᠠᠷ ᠳᠡᠯᠡᠬᠡᠢ ᠶ᠋ᠢᠨ ᠡᠩ ᠢ᠋ᠶ᠋ᠡᠷ ᠳᠠᠷᠬᠠᠨ ᠰᠠᠭᠤᠷᠢᠰᠢᠭᠰᠠᠨ ᠠᠷᠠᠳ ᠣᠯᠠᠨ ᠤ᠋ ᠳᠤᠮᠳᠠ ᠪᠢᠳᠡᠨ ᠳ᠋ᠦ᠍ ᠵᠠᠬᠢᠷᠤᠭᠳᠠᠬᠤ ᠬᠦᠰᠡᠯ ᠦᠭᠡᠢ ᠭᠠᠵᠠᠷ ᠣᠷᠣᠨ ᠭᠠᠷᠬᠤ ᠪᠣᠯᠤᠯ᠎ᠠ᠃ ᠬᠠᠭᠠᠨ ᠡᠵᠡᠨ ᠦ᠌ ᠶᠡᠬᠡ ᠵᠠᠰᠠᠭ ᠬᠠᠤᠯᠢ ᠠᠯᠳᠠᠭᠳᠠᠵᠤ᠂ ᠡᠮᠬᠢ ᠵᠠᠮᠪᠠᠷᠠᠭ᠎ᠠ ᠦᠭᠡᠢ ᠪᠠᠢᠳᠠᠯ ᠡᠳᠦᠷ ᠡᠳᠦᠷ ᠢ᠋ᠶ᠋ᠡᠷ ᠭᠠᠷᠴᠤ ᠪᠠᠢᠨ᠎ᠠ᠃ ᠮᠠᠬᠠᠮᠥ᠋ᠳ᠋ ᠶᠠᠯᠠᠸᠨᠴᠢ ᠴᠢ ᠡᠨᠡ ᠪᠦᠬᠦᠨ ᠦ᠌ ᠤᠴᠢᠷ ᠢ᠋ ᠰᠢᠢᠳᠴᠦ᠂ ᠤᠯᠤᠰ ᠤ᠋ᠨ ᠳᠡᠭᠡᠳᠦ ᠵᠠᠷᠭᠤᠴᠢ ᠪᠠᠷ ᠰᠠᠭᠤᠬᠤ ᠬᠡᠷᠡᠭ ᠲᠡᠢ ᠪᠠᠢᠨ᠎ᠠ ᠭᠡᠬᠦ ᠳ᠋ᠦ᠍᠂
    — ᠬᠠᠭᠠᠨ ᠡᠵᠡᠨ ᠨᠢᠭᠡᠨᠲᠡ ᠢᠲᠡᠭᠡᠯ ᠬᠦᠯᠢᠶᠡᠯᠭᠡᠨ ᠪᠠᠢᠬᠤ ᠠᠪᠠᠰᠤ ᠪᠢ ᠲᠠᠲᠠᠭᠠᠯᠵᠠᠬᠤ ᠶᠠᠭᠤᠨ᠃ ᠥᠪᠡᠷ  ᠦ᠋ᠨ ᠥᠴᠦᠬᠡᠨ ᠣᠶᠤᠨ ᠮᠡᠳᠡᠯᠭᠡ ᠪᠡᠨ ᠲᠠᠨ ᠤ᠋ ᠲᠥᠯᠥᠭᠡ ᠵᠣᠷᠢᠭᠤᠯᠬᠤ ᠳ᠋ᠤ᠌ ᠪᠡᠯᠡᠨ ᠪᠠᠢᠨ᠎ᠠ ᠭᠡᠵᠦ ᠬᠠᠭᠠᠨ ᠤ᠋ ᠦᠭᠡ ᠶ᠋ᠢ ᠬᠦᠯᠢᠶᠡᠨ ᠠᠪᠤᠭᠰᠠᠨ ᠢ᠋ᠶ᠋ᠠᠨ ᠮᠡᠳᠡᠭᠳᠡᠪᠡ᠃
       ᠰᠤᠷᠬᠠᠭᠲᠠᠨᠢ ᠬᠠᠲᠤᠨ ᠠᠭᠤᠷᠠᠭ ᠢ᠋ ᠣᠷᠬᠢᠨ ᠢᠷᠡᠭᠰᠡᠨ ᠡᠴᠡ ᠬᠣᠢᠰᠢ ᠬᠡᠳᠦᠨ ᠵᠢᠯ ᠢ᠋ ᠦᠳᠡᠵᠡᠢ᠃ ᠪᠠᠷᠠᠭᠤᠨ ᠵᠦᠭ ᠲᠦ᠍ ᠳᠠᠢᠳᠤᠬᠤ ᠪᠠᠷ ᠶᠠᠪᠤᠭᠰᠠᠨ ᠬᠠᠨ ᠬᠥᠪᠡᠭᠦᠳ ᠡᠴᠡ ᠢᠯᠠᠯᠲᠠ ᠶ᠋ᠢᠨ ᠮᠡᠳᠡᠭᠡ ᠠᠷᠤ ᠠᠷᠤ ᠠ᠋ᠴᠠ ᠪᠠᠨ ᠢᠷᠡᠵᠦ᠂ ᠲᠠᠯ᠎ᠠ ᠨᠤᠲᠤᠭ ᠲᠤ᠌ ᠠᠮᠤᠷ ᠲᠠᠢᠪᠤᠩ ᠡᠳᠦᠷ ᠦ᠋ᠳ ᠦᠷᠭᠦᠯᠵᠢᠯᠡᠵᠦ ᠪᠠᠢᠯ᠎ᠠ᠃ ᠨᠢᠭᠡᠨᠲᠡ ᠬᠠᠭᠠᠨ ᠡᠵᠡᠨ ᠡᠬᠡ ᠨᠤᠲᠤᠭ ᠲᠠᠭᠠᠨ ᠢᠷᠡᠵᠦ ᠲᠥᠷᠥ ᠶ᠋ᠢᠨ ᠬᠡᠷᠡᠭ ᠢ᠋ᠶ᠋ᠡᠨ ᠵᠠᠰᠠᠨ ᠶᠠᠪᠤᠭᠤᠯᠬᠤ ᠪᠣᠯᠤᠭᠰᠠᠨ ᠲᠤᠯᠠ ᠰᠤᠷᠬᠠᠭᠲᠠᠨᠢ ᠢᠳᠡᠭᠡᠰᠢᠵᠦ ᠳᠠᠰᠤᠭᠰᠠᠨ ᠠᠭᠤᠷᠠᠭ ᠲᠠᠭᠠᠨ ᠪᠤᠴᠠᠬᠤ ᠬᠦᠰᠡᠯ ᠢ᠋ᠶ᠋ᠡᠨ ᠬᠠᠭᠠᠨ ᠡᠵᠡᠨ ᠳ᠋ᠦ᠍ ᠢᠯᠡᠷᠬᠡᠢᠯᠡᠭᠡᠳ ᠬᠠᠷᠠᠬᠣᠷᠣᠮ ᠠ᠋ᠴᠠ ᠬᠥᠳᠡᠯᠪᠡ᠃ ᠬᠡᠳᠦᠨ ᠬᠣᠨᠣᠭ ᠤ᠋ᠨ ᠲᠤᠷᠰᠢ ᠦᠷᠭᠦᠯᠵᠢᠯᠡᠬᠦ ᠤᠷᠲᠤ ᠵᠠᠮ ᠢ᠋ ᠲᠡᠷᠡ ᠪᠡᠷ ᠭᠡᠷ ᠲᠡᠭᠡᠨ ᠬᠠᠷᠢᠬᠤ ᠭᠡᠵᠦ ᠶᠠᠭᠠᠷᠠᠵᠤ ᠶᠠᠪᠤᠭ᠎ᠠ ᠬᠥᠮᠦᠨ ᠦ᠌ ᠰᠡᠳᠬᠢᠯ ᠢ᠋ᠶ᠋ᠡᠷ ᠲᠤᠭᠤᠯᠤᠨ ᠢᠷᠡᠪᠡ᠃ ᠭᠤᠷᠪᠠᠨ ᠵᠢᠯ ᠡᠵᠡᠭᠦᠢ ᠪᠠᠢᠭᠰᠠᠨ ᠠᠭᠤᠷᠠᠭ ᠲᠤ᠌ ᠥᠭᠡᠷᠡᠴᠢᠯᠡᠭᠳᠡᠭᠰᠡᠨ ᠵᠦᠢᠯ ᠪᠠᠷᠤᠭ ᠦᠭᠡᠢ᠂ ᠡᠷᠭᠢᠨ ᠲᠣᠭᠣᠷᠢᠨ ᠬᠠᠷᠠᠭᠳᠠᠬᠤ ᠠᠭᠤᠯᠠ᠂ ᠤᠰᠤ᠂ ᠬᠤᠸᠠ᠂ ᠬᠥᠪᠡᠭᠡ᠂ ᠤᠷᠲᠤ ᠥᠷᠭᠥᠭᠡ ᠬᠠᠲᠤᠨ ᠢ᠋ᠶ᠋ᠠᠨ ᠬᠦᠯᠢᠶᠡᠵᠦ ᠪᠠᠢᠭᠰᠠᠨ ᠮᠡᠲᠦ ᠳᠣᠲᠣᠨᠣ ᠬᠠᠷᠠᠭᠳᠠᠨ᠎ᠠ᠃ ᠰᠠᠢᠬᠠᠨ ᠴᠠᠭ ᠨᠢᠳᠦᠨ ᠡᠮᠦᠨ᠎ᠡ ᠡᠭᠡᠯᠵᠢᠯᠡᠨ ᠬᠠᠷᠠᠭᠳᠠᠬᠤ ᠰᠢᠭ᠋ ᠬᠠᠨᠢ ᠨᠥᠬᠥᠷ ᠲᠤᠯᠤᠢ ᠨᠢ ᠲᠡᠭᠦᠨ ᠦ᠌ ᠳᠡᠷᠭᠡᠳᠡ ᠢᠷᠡᠵᠦ ᠬᠠᠴᠠᠷ ᠢ᠋ ᠨᠢ ᠵᠥᠭᠡᠯᠡᠨ ᠦᠨᠦᠰᠬᠦ ᠰᠢᠭ ᠪᠣᠯᠬᠤ ᠳ᠋ᠤ᠌ ᠨᠢᠳᠦ ᠪᠡᠨ ᠠᠨᠢᠯ᠎ᠠ᠃ ᠥᠪᠡᠷ ᠦ᠋ᠨ ᠡᠷᠬᠡ ᠦᠭᠡᠢ ᠡᠨᠡ ᠰᠠᠢᠬᠠᠨ ᠮᠡᠳᠡᠷᠡᠮᠵᠢ ᠶ᠋ᠢ ᠦᠭᠡᠢ ᠬᠢᠬᠦ ᠶ᠋ᠢ ᠬᠦᠰᠡᠭᠡ ᠦᠭᠡᠢ ᠳ᠋ᠡᠭᠡᠨ ᠲᠡᠷᠡ ᠨᠢᠳᠦ ᠪᠡᠨ ᠠᠨᠢᠭᠰᠠᠨ ᠬᠡᠷᠡᠭ ᠪᠠᠢᠪᠠ᠃ ᠭᠡᠪᠡᠴᠦ ᠨᠢᠭᠡᠨ ᠴᠠᠭ ᠲᠤ᠌ ᠪᠠᠢᠭᠰᠠᠨ ᠪᠦᠬᠦᠨ᠂ ᠨᠥᠭᠦᠭᠡ ᠴᠠᠭ ᠲᠤ᠌ ᠦᠭᠡᠢ ᠪᠣᠯᠳᠠᠭ ᠶᠢᠷᠲᠢᠨᠴᠦ ᠶ᠋ᠢᠨ ᠵᠢᠮ᠎ᠡ᠂ ᠬᠣᠷᠸ᠎ᠠ ᠶ᠋ᠢᠨ ᠬᠠᠤᠯᠢ ᠶ᠋ᠢ ᠬᠡᠨ ᠴᠦ᠍ ᠰᠥᠷᠴᠦ ᠦᠯᠦ ᠴᠢᠳᠠᠨ᠎ᠠ᠃ ᠨᠢᠳᠦᠨ ᠦ᠌ ᠡᠮᠦᠨ᠎ᠡ ᠡᠭᠡᠯᠵᠢᠯᠡᠨ ᠬᠠᠷᠠᠭᠳᠠᠬᠤ ᠲᠡᠷᠡ ᠬᠥᠮᠦᠰ ᠣᠳᠣ ᠪᠦᠭᠦᠳᠡ ᠮᠥᠩᠬᠡ ᠲᠡᠭᠷᠢ ᠶ᠋ᠢᠨ ᠣᠷᠣᠨ ᠳ᠋ᠤ᠌ ᠰᠠᠭᠤᠭ᠎ᠠ᠃ ᠲᠠᠯ᠎ᠠ ᠨᠤᠲᠤᠭ ᠤ᠋ᠨ ᠬᠥᠮᠦᠨ ᠦ᠌ ᠰᠡᠳᠬᠢᠯ ᠢ᠋ ᠠᠯᠠᠭᠠᠨ ᠳᠡᠭᠡᠷ᠎ᠡ ᠪᠡᠨ ᠲᠠᠯᠪᠢᠭᠰᠠᠨ ᠮᠡᠲᠦ ᠬᠠᠷᠠᠵᠤ ᠪᠣᠯᠤᠨ᠎ᠠ ᠭᠡᠵᠦ ᠬᠡᠯᠡᠵᠦ ᠪᠠᠢᠭᠰᠠᠨ ᠥᠭᠡᠯᠦᠨ ᠡᠬᠡ ᠶ᠋ᠢᠨ ᠦᠭᠡ ᠴᠢᠬᠢᠨ ᠳ᠋ᠦ᠍ᠨᠢ ᠰᠣᠨᠣᠰᠤᠭᠳᠠᠬᠤ ᠰᠢᠭ᠋ ᠪᠣᠯᠬᠤ ᠳ᠋ᠤ᠌ ᠲᠡᠭᠦᠨ ᠲᠡᠢ ᠬᠠᠮᠲᠤ ᠲᠡᠷᠡᠬᠡᠨ ᠶᠠᠷᠢᠶ᠎ᠠ ᠶ᠋ᠢ ᠰᠣᠨᠣᠰᠴᠤ ᠵᠣᠭᠰᠣᠭᠰᠠᠨ ᠣᠢᠷᠠᠯᠴᠠᠭ᠎ᠠ ᠠᠭᠤᠯᠠ ᠶ᠋ᠢᠨ ᠡᠩᠭᠡᠷ ᠢ᠋ ᠬᠠᠷᠠᠯ᠎ᠠ᠃ ᠥᠭᠡᠯᠦᠨ ᠡᠬᠡ᠂ ᠡᠬᠡ ᠬᠥᠮᠦᠨ ᠦ᠌ ᠰᠠᠢᠬᠠᠨ ᠰᠡᠳᠬᠢᠯ ᠰᠢᠭ ᠢ᠋ᠶ᠋ᠡᠨ ᠲᠠᠯ᠎ᠠ ᠨᠤᠲᠤᠭ ᠲᠠᠭᠠᠨ ᠡᠭᠦᠷᠢᠳᠡ ᠰᠢᠩᠭᠡᠵᠡᠢ᠃ ᠨᠢᠭᠡᠨ ᠰᠥᠨᠢ ᠶ᠋ᠢᠨ ᠵᠡᠭᠦᠳᠦᠨ ᠳ᠋ᠡᠭᠡᠨ ᠦᠵᠡᠭᠰᠡᠨ ᠲᠩᠷᠢ ᠶ᠋ᠢᠨ ᠣᠷᠣᠨ ᠤ᠋ ᠤᠷᠲᠤ ᠬᠠᠷᠰᠢ ᠶ᠋ᠢ ᠡᠷ᠎ᠡ ᠨᠥᠬᠥᠷ ᠲᠡᠭᠡᠨ ᠶᠠᠷᠢᠭᠰᠠᠨ ᠤ᠋ ᠳᠠᠷᠠᠭ᠎ᠠ ᠲᠤᠩ ᠤᠳᠠᠬᠤ ᠦᠭᠡᠢ ᠰᠦᠨᠳᠡᠷᠯᠡᠨ ᠪᠣᠰᠤᠭᠰᠠᠨ ᠴᠢᠩᠭᠢᠰ ᠬᠠᠭᠠᠨ ᠤ᠋ ᠣᠩᠭᠣ ᠰᠢᠲᠦᠭᠡᠨ ᠦ᠌ ᠥᠷᠭᠥᠭᠡ ᠢᠯᠡᠬᠡᠨ ᠬᠠᠷᠠᠭᠳᠠᠨ᠎ᠠ᠃
      ᠬᠠᠷᠢᠨ ᠡᠨᠳᠡ ᠢᠷᠡᠭᠰᠡᠨ ᠦ᠌ ᠳᠠᠷᠠᠭ᠎ᠠ ᠨᠢᠭᠡᠨ ᠭᠤᠨᠢᠭᠲᠤ ᠮᠡᠳᠡᠭᠡ ᠶ᠋ᠢ ᠲᠤᠭᠤᠯᠤᠭᠰᠠᠨ ᠨᠢ ᠬᠠᠲᠤᠨ ᠡᠬᠡ ᠶ᠋ᠢᠨ ᠦᠨᠡᠨᠴᠢ ᠪᠣᠭᠣᠯ ᠠᠰᠢᠳᠠ ᠲᠡᠮᠦᠷ ᠥᠭᠡᠳᠡ ᠪᠣᠯᠤᠭᠰᠠᠨ ᠪᠠᠢᠯ᠎ᠠ᠃ ᠥᠰᠬᠦ ᠨᠠᠰᠤᠨ ᠠ᠋ᠴᠠ ᠨᠢ ᠬᠠᠮᠲᠤ ᠪᠠᠢᠵᠤ᠂ ᠥᠪᠡᠷ ᠦ᠋ᠨ ᠡᠵᠡᠨ ᠵᠠᠬ᠎ᠠ ᠬᠠᠮᠪᠤ ᠠ᠋ᠴᠠ ᠡᠭᠦᠷᠭᠡ ᠠᠪᠤᠨ ᠴᠢᠩᠭᠢᠰ ᠬᠠᠭᠠᠨ ᠳ᠋ᠤ᠌ ᠬᠠᠮᠲᠤ ᠢᠷᠡᠵᠦ᠂ ᠵᠢᠷᠭᠠᠯ ᠵᠣᠪᠠᠯᠠᠩᠲᠤ ᠡᠳᠦᠷ ᠦ᠋ᠳ ᠦ᠋ᠨ ᠬᠢᠨᠢ ᠬᠠᠨᠢ ᠪᠠᠷ᠎ᠠ ᠪᠣᠯᠵᠤ ᠪᠠᠢᠭᠰᠠᠨ ᠳᠣᠲᠣᠨᠣ ᠬᠥᠮᠦᠨ ᠨᠢ ᠮᠥᠩᠬᠡᠳᠡ ᠣᠳᠴᠠᠢ᠃ ᠬᠠᠲᠤᠨ ᠤ᠋ ᠬᠡᠦᠬᠡᠳ ᠦ᠋ᠳ ᠶᠡᠬᠡ ᠠᠭᠤᠷᠠᠭ ᠢ᠋ ᠰᠠᠬᠢᠨ ᠰᠠᠭᠤᠬᠤ ᠳ᠋ᠤ᠌ ᠲᠡᠳᠡᠨ ᠦ᠌ ᠳᠡᠷᠭᠡᠳᠡ ᠪᠠᠢᠵᠤ᠂ ᠬᠠᠲᠤᠨ ᠤ᠋ ᠬᠡᠯᠡᠭᠰᠡᠨ ᠢ᠋ᠶ᠋ᠡᠷ ᠦᠨᠡᠨᠴᠢ ᠪᠣᠭᠣᠯ ᠤ᠋ᠨ ᠶᠣᠰᠣ ᠪᠠᠷ ᠤᠷᠲᠤ ᠥᠷᠭᠥᠭᠡ ᠶ᠋ᠢ ᠨᠢ ᠰᠠᠬᠢᠨ ᠦᠯᠡᠳᠡᠭᠰᠡᠨ ᠪᠢᠯᠡ᠃ ᠠᠰᠢᠳᠠ ᠲᠡᠮᠦᠷ ᠨᠠᠰᠤᠨ ᠡᠴᠦᠰ ᠬᠦᠷᠲᠡᠯ᠎ᠡ ᠪᠡᠨ ᠬᠠᠲᠤᠨ ᠳ᠋ᠠᠭᠠᠨ ᠦᠨᠡᠨᠴᠢ ᠪᠡᠷ ᠵᠢᠳᠬᠦᠨ᠂ ᠬᠠᠭᠠᠨ ᠤ᠋ ᠭᠠᠯ ᠭᠣᠯᠣᠮᠲᠠ ᠶᠡᠬᠡ ᠠᠭᠤᠷᠠᠭ ᠢ᠋ ᠰᠠᠬᠢᠨ ᠬᠠᠮᠠᠭᠠᠯᠠᠵᠤ ᠪᠠᠢᠭᠠᠳ ᠥᠭᠡᠳᠡ ᠪᠣᠯᠵᠠᠢ᠃ ᠡᠨᠡ ᠬᠡᠳᠦᠨ ᠵᠢᠯ ᠳ᠋ᠦ᠍ ᠥᠪᠡᠷ ᠦ᠋ᠨ ᠬᠡᠷᠡᠭ ᠡᠴᠡ ᠢᠯᠡᠭᠦᠦ ᠲᠡᠢ ᠪᠡᠷ ᠲᠥᠷᠥ ᠤᠯᠤᠰ ᠤ᠋ᠨ ᠬᠡᠷᠡᠭ ᠲᠦ᠍ ᠵᠢᠳᠬᠦᠨ ᠶᠠᠪᠤᠭᠰᠠᠨ ᠬᠠᠲᠤᠨ ᠡᠨᠡ ᠮᠡᠳᠡᠭᠡ ᠶ᠋ᠢ ᠳᠤᠭᠤᠯᠤᠭᠠᠳ ᠴᠡᠭᠡᠵᠢ ᠨᠢ ᠬᠣᠭᠣᠰᠣᠷᠠᠴᠢᠬᠠᠬᠤ ᠰᠢᠭ᠋ ᠰᠠᠨᠠᠭᠳᠠᠯ᠎ᠠ᠃ ᠬᠡᠳᠦᠢᠪᠡᠷ ᠬᠠᠷᠠᠴᠤ ᠭᠠᠷᠤᠯ ᠲᠠᠢ ᠲᠡᠭᠦᠨ ᠦ᠌ ᠠᠷᠤ ᠠ᠋ᠴᠠ ᠢᠩᠭᠢᠵᠦ ᠡᠨᠡᠯᠦᠨ ᠭᠠᠰᠢᠭᠤᠳᠠᠬᠤ ᠨᠢ ᠬᠠᠲᠤᠨ ᠬᠥᠮᠦᠨ ᠦ᠌ ᠬᠤᠪᠢ ᠳ᠋ᠤ᠌ ᠢᠯᠡᠭᠦᠴᠡ ᠬᠡᠷᠡᠭ ᠮᠡᠲᠦ ᠶᠡᠬᠡᠰ ᠳᠡᠭᠡᠳᠦᠰ ᠪᠣᠳᠣᠬᠤ ᠪᠣᠯᠪᠠᠴᠤ ᠰᠤᠷᠠᠬᠠᠨᠲᠠᠨᠢ ᠳ᠋ᠤ᠌ ᠪᠣᠯ ᠲᠡᠷᠡ ᠬᠠᠷᠢ ᠬᠥᠮᠦᠨ ᠪᠢᠰᠢ ᠪᠠᠢᠯ᠎ᠠ᠃ ᠬᠠᠲᠤᠨ ᠢ᠋ ᠠᠭᠤᠷᠠᠭ ᠲᠤ᠌ ᠢᠷᠡᠬᠦ ᠳ᠋ᠦ᠍ ᠠᠰᠢᠳᠠ ᠲᠡᠮᠦᠷ ᠢ᠋ ᠬᠥᠳᠡᠭᠡᠯᠡᠭᠦᠯᠬᠦ ᠠᠵᠢᠯ ᠳᠠᠭᠤᠰᠤᠭᠰᠠᠨ ᠪᠠᠢᠪᠠ᠃
      ᠬᠠᠲᠤᠨ ᠡᠬᠡ ᠠᠭᠤᠷᠠᠬ ᠳᠠᠬᠢ ᠤᠷᠲᠤ ᠦᠷᠭᠦᠭᠡᠨ ᠳ᠋ᠡᠭᠡᠨ ᠦᠨᠡᠨᠴᠢ ᠪᠣᠭᠣᠯ ᠤ᠋ᠨ ᠢ᠋ᠶ᠋ᠠᠨ ᠲᠤᠬᠠᠢ ᠪᠣᠳᠣᠵᠤ ᠰᠠᠭᠤᠯ᠎ᠠ᠃ ᠲᠡᠷᠡ ᠵᠢᠯ ᠠᠰᠢᠳᠠ ᠲᠡᠮᠦᠷ ᠰᠤᠷᠠᠬᠠᠨᠲᠠᠨᠢ ᠶ᠋ᠢᠨ ᠬᠠᠮᠲᠤ ᠴᠢᠩᠭᠢᠰ ᠬᠠᠭᠠᠨ ᠳ᠋ᠤ᠌ ᠣᠴᠢᠬᠤ ᠠ᠋ᠴᠠ ᠡᠮᠦᠨ᠎ᠡ᠂ ᠲᠡᠷᠡ ᠴᠦ᠍ ᠪᠦᠦ ᠬᠡᠯᠡ ᠵᠠᠬ᠎ᠠ ᠬᠠᠮᠪᠤ ᠶ᠋ᠢᠨ ᠵᠠᠷᠤᠴᠠ ᠪᠣᠯᠬᠤ ᠠ᠋ᠴᠠ ᠡᠮᠦᠨ᠎ᠡ᠂ ᠠᠷᠪᠠ ᠭᠠᠷᠤᠢᠬᠠᠨ ᠨᠠᠰᠤᠲᠠᠢ ᠬᠦᠦ ᠬᠡᠷᠡᠢᠳ ᠠᠢᠮᠠᠭ ᠲᠤ᠌ ᠬᠦᠷᠭᠡᠭᠳᠡᠨ ᠢᠷᠡᠵᠦ ᠪᠢᠯᠡ᠃
      ᠨᠢᠭᠡᠨ ᠡᠳᠦᠷ ᠰᠤᠷᠠᠬᠠᠨᠲᠠᠨᠢ ᠶ᠋ᠢᠨ ᠡᠴᠢᠭᠡ ᠵᠠᠬ᠎ᠠ ᠬᠠᠮᠪᠤ ᠬᠡᠰᠡᠭ ᠨᠥᠬᠥᠳ ᠦ᠋ᠨ ᠬᠠᠮᠲᠤ ᠢᠨᠢᠶᠡᠳᠦ ᠬᠥᠷ ᠲᠡᠢ ᠪᠡᠷ ᠭᠡᠷ ᠲᠡᠭᠡᠨ ᠢᠷᠡᠭᠰᠡᠨ ᠶᠦᠮ᠃ ᠲᠡᠳᠡᠨ ᠲᠡᠢ ᠬᠠᠮᠲᠤ ᠵᠠᠢᠳᠠᠩ ᠮᠣᠷᠢ ᠤᠨᠤᠵᠤ᠂ ᠬᠠᠮᠤᠭ ᠬᠤᠪᠴᠠᠰᠤ ᠨᠢ ᠰᠢᠷᠣᠢ ᠪᠣᠯᠤᠭᠰᠠᠨ ᠨᠢᠭᠡᠨ ᠬᠦᠦ ᠳ᠋ᠡᠭᠡᠨ ᠢᠷᠡᠵᠡᠢ᠃ ᠡᠴᠢᠭᠡ ᠨᠢ ᠮᠣᠷᠢᠨ ᠠ᠋ᠴᠠ ᠪᠠᠨ ᠪᠠᠭᠤᠵᠤ᠂
    —ᠡᠵᠡᠨ ᠦ᠌ ᠦᠨᠡᠨᠴᠢ ᠪᠣᠭᠣᠯ ᠡᠨᠡ ᠬᠦᠦ ᠶ᠋ᠢᠨ ᠬᠤᠪᠴᠠᠰᠤ ᠶ᠋ᠢ ᠰᠣᠯᠢᠵᠤ᠂ ᠬᠣᠭᠣᠯᠠᠯᠠᠵᠤ ᠤᠮᠳᠠᠯᠠ ᠭᠡᠮᠡᠨ ᠡᠬᠡ ᠳ᠋ᠦ᠍ᠨᠢ ᠬᠡᠯᠡᠪᠡ᠃ ᠲᠠᠨᠢᠬᠤ ᠦᠭᠡᠢ ᠨᠣᠣᠷᠬᠠᠢ ᠬᠦᠦ ᠶ᠋ᠢ ᠭᠡᠨᠡᠳᠲᠡ ᠳᠠᠭᠠᠭᠤᠯᠤᠨ ᠢᠷᠡᠵᠦ᠂ ᠲᠡᠭᠦᠨ ᠢ᠋ ᠪᠡᠨ ᠬᠡᠨ ᠪᠣᠯᠬᠤ ᠶ᠋ᠢ ᠮᠡᠳᠡᠬᠦ ᠦᠭᠡᠢ ᠬᠢᠷᠢᠨ᠎ᠡ《ᠡᠵᠡᠨ ᠦ᠌ ᠦᠨᠡᠨᠴᠢ ᠪᠣᠭᠣᠯ》 ᠭᠡᠮᠡᠨ ᠬᠡᠯᠡᠵᠦ ᠪᠠᠢᠭ᠎ᠠ ᠡᠴᠢᠭᠡ ᠶ᠋ᠢ ᠪᠡᠨ ᠰᠠᠷᠬᠤᠳ ᠬᠦᠷᠲᠡᠭᠡᠳ ᠬᠠᠯᠠᠮᠴᠠᠭᠰᠠᠨ ᠢ᠋ ᠨᠢ ᠬᠠᠷᠠᠨ ᠵᠣᠭᠰᠣᠬᠤ ᠳ᠋ᠠᠭᠠᠨ ᠰᠤᠷᠬᠠᠭᠲᠠᠨᠢ《ᠠᠪᠤ ᠮᠢᠨᠢ ᠶᠡᠬᠡᠳᠡ ᠬᠥᠯᠴᠥᠭᠦᠷᠡᠵᠡᠢ》 ᠭᠡᠵᠦ ᠪᠣᠳᠣᠨ ᠵᠣᠭᠰᠣᠭᠰᠠᠨ᠃ ᠦᠨᠡᠨ ᠳ᠋ᠡᠭᠡᠨ ᠪᠣᠯ ᠡᠨᠡ ᠬᠦᠦ ᠦᠬᠦᠯ ᠡᠴᠡ ᠠᠮᠢᠳᠤ ᠭᠠᠷᠴᠤ ᠴᠢᠳᠠᠭᠰᠠᠨ ᠪᠢᠴᠢᠬᠠᠨ ᠪᠠᠭᠠᠲᠤᠷ ᠪᠠᠢᠭᠰᠠᠨ ᠢ᠋ ᠲᠡᠷᠡ ᠶᠠᠭᠠᠬᠢᠵᠤ ᠮᠡᠳᠡᠬᠦ ᠪᠢᠯᠡ᠃ ᠨᠡᠷ᠎ᠡ ᠶ᠋ᠢ ᠨᠢ ᠠᠰᠠᠭᠤᠪᠠᠯ ᠠᠰᠢᠳᠠ ᠲᠡᠮᠦᠷ ᠭᠡᠵᠦ ᠰᠤᠯᠠᠬᠠᠨ ᠬᠠᠷᠢᠭᠤᠯᠬᠤ ᠡᠨᠡ ᠬᠦᠦ ᠤᠷᠢᠳ ᠨᠢ ᠵᠠᠬ᠎ᠠ ᠬᠠᠮᠪᠤ ᠶ᠋ᠢᠨ ᠣᠯᠠᠨ ᠠᠬ᠎ᠠ ᠳᠡᠭᠦᠦᠰ ᠦ᠋ᠨ ᠨᠢᠭᠡᠨ ᠦ᠌ ᠵᠠᠷᠤᠴᠠ ᠠ᠋ᠴᠠ ᠲᠥᠷᠥᠵᠡᠢ᠃ ᠲᠠᠪᠤᠨ ᠨᠠᠰᠤᠲᠠᠢ ᠳ᠋ᠤᠨᠢ ᠡᠴᠢᠭᠡ ᠡᠬᠡ ᠨᠢ ᠦᠷᠡᠭᠳᠡᠵᠦ᠂ ᠡᠵᠡᠨ ᠳ᠋ᠡᠭᠡᠨ ᠵᠠᠷᠤᠭᠳᠠᠭᠰᠠᠨ ᠬᠡᠪ ᠢ᠋ᠶ᠋ᠡᠷ ᠶᠠᠪᠤᠵᠤ ᠪᠠᠢᠭᠠᠳ ᠰᠠᠶᠢ ᠬᠡᠳᠦᠨ ᠬᠣᠨᠣᠭ ᠤ᠋ᠨ ᠡᠮᠦᠨ᠎ᠡ ᠨᠢ ᠡᠵᠡᠨ ᠨᠢ ᠲᠩᠷᠢ ᠰᠤᠷᠬᠠᠭᠲᠠᠨᠢ ᠶ᠋ᠢᠨ ᠡᠴᠢᠭᠡ ᠬᠡᠰᠡᠭ ᠨᠥᠬᠥᠳ ᠦ᠋ᠨ ᠬᠠᠮᠲᠤ ᠠᠰᠢᠳᠠ ᠲᠡᠮᠦᠷ ᠦ᠋ᠨ ᠡᠵᠡᠨᠲᠡᠨ ᠢ᠋ ᠬᠥᠳᠡᠭᠡᠯᠡᠭᠦᠯᠬᠦ ᠠᠵᠢᠯ ᠢ᠋ ᠭᠦᠢᠴᠡᠳᠬᠡᠭᠡᠳ ᠢᠷᠡᠭᠰᠡᠨ ᠨᠢ ᠡᠨᠡ ᠪᠠᠢᠯ᠎ᠠ᠃ ᠡᠵᠡᠨ ᠨᠢ ᠥᠭᠡᠳᠡ ᠪᠣᠯᠬᠤ ᠳ᠋ᠤ᠌ ᠵᠠᠷᠤᠴᠠ ᠶ᠋ᠢ ᠨᠢ ᠬᠠᠮᠲᠤ ᠪᠤᠯᠠᠳᠠᠭ ᠶᠣᠰᠣ ᠲᠠᠯ᠎ᠠ ᠨᠤᠲᠤᠭ ᠲᠤ ᠪᠠᠢᠳᠠᠭ ᠲᠤᠯᠠ ᠠᠰᠢᠳᠠ ᠲᠡᠮᠦᠷ ᠬᠦᠦ ᠶ᠋ᠢ ᠡᠵᠡᠨ ᠦ᠌ ᠪᠡᠨ ᠪᠤᠯᠠᠰᠢᠨ ᠳᠣᠣᠷ᠎ᠠ ᠨᠦᠬᠡ ᠤᠬᠤᠭᠠᠳ ᠠᠮᠢᠳᠤ ᠪᠠᠷ ᠨᠢ ᠪᠤᠯᠠᠭᠠᠳ ᠬᠡᠰᠡᠭ ᠬᠤᠭᠤᠴᠠᠭᠠᠨ ᠳ᠋ᠤ᠌ ᠵᠠᠩᠰᠢᠯ ᠶᠣᠰᠣᠭᠠᠷ ᠲᠩᠷᠢ ᠶ᠋ᠢᠨ ᠳᠣᠬᠢᠶ᠎ᠠ ᠢᠷᠡᠬᠦ ᠶ᠋ᠢ ᠬᠦᠯᠢᠶᠡᠨ᠎ᠡ᠃ ᠣᠷᠣᠰᠢᠭᠤᠯᠭ᠎ᠠ ᠳ᠋ᠤ᠌ ᠣᠷᠣᠯᠴᠠᠵᠤ ᠪᠠᠢᠭ᠎ᠠ ᠬᠥᠮᠦᠰ ᠡᠴᠡ ᠥᠭᠡᠷ᠎ᠡ ᠶᠠᠮᠠᠷ ᠨᠢᠭᠡᠨ ᠬᠥᠮᠦᠨ᠂ ᠠᠮᠢᠳᠤ ᠠᠮᠢᠲᠠᠨ ᠦᠵᠡᠭᠳᠡᠬᠦ ᠲᠡᠷᠡ ᠮᠥᠴᠡ ᠳ᠋ᠦ᠍ ᠰᠢᠷᠣᠢ ᠶ᠋ᠢ ᠵᠠᠢᠯᠠᠭᠤᠯᠤᠨ ᠳᠠᠬᠢᠨ ᠬᠠᠷᠠᠬᠤ ᠳ᠋ᠤ᠌ ᠪᠣᠭᠣᠯ ᠦᠬᠦᠭᠡ ᠦᠭᠡᠢ ᠪᠠᠢᠪᠠᠯ᠂ ᠭᠠᠷᠭᠠᠵᠤ ᠢᠷᠡᠨ ᠠᠮᠢᠰᠬᠤᠯ ᠠᠪᠤᠭᠤᠯᠤᠭᠠᠳ ᠳᠠᠬᠢᠨ ᠪᠤᠯᠠᠨ᠎ᠠ᠃ ᠡᠨᠡ ᠮᠡᠲᠦ ᠭᠤᠷᠪᠠᠨᠲᠠ ᠶᠣᠰᠣ ᠶ᠋ᠢ ᠦᠢᠯᠡᠳᠦᠭᠡᠳ ᠠᠮᠢᠳᠤ ᠦᠯᠡᠳᠡᠪᠡᠯ《ᠮᠥᠩᠬᠡ ᠲᠩᠷᠢ ᠲᠡᠭᠦᠨ ᠳ᠋ᠦ᠍ ᠠᠮᠢᠳᠤᠷᠠᠯ ᠬᠠᠢᠷᠠᠯᠠᠵᠠᠢ》 ᠭᠡᠮᠡᠨ ᠢᠲᠡᠭᠡᠵᠦ ᠰᠤᠯᠠᠯᠠᠨ ᠶᠠᠪᠤᠭᠤᠯᠳᠠᠭ ᠪᠠᠢᠪᠠ᠃ ᠠᠰᠢᠳᠠ ᠲᠡᠮᠦᠷ ᠬᠦᠦ ᠶ᠋ᠢ ᠵᠠᠩᠰᠢᠯ ᠶᠣᠰᠣᠭᠠᠷ ᠡᠵᠡᠨ ᠦ᠌ ᠣᠷᠣᠰᠢᠭᠤᠯᠭ᠎ᠠ ᠶ᠋ᠢᠨ ᠳᠣᠣᠷ᠎ᠠ ᠨᠦᠬᠡ ᠤᠬᠤᠨ ᠪᠤᠯᠠᠭᠠᠳ ᠬᠡᠰᠡᠭ ᠬᠦᠯᠢᠶᠡᠬᠦ ᠳ᠋ᠦ᠍ ᠲᠡᠭᠦᠨ ᠦ᠌ ᠪᠤᠯᠠᠭᠰᠠᠨ ᠰᠢᠷᠤᠢᠨ ᠳᠡᠭᠡᠷ᠎ᠡ ᠰᠢᠷᠭᠤᠯᠵᠢ ᠶᠠᠪᠤᠵᠤ ᠪᠠᠢᠬᠤ ᠶ᠋ᠢ ᠬᠠᠷᠠᠨ ᠪᠤᠴᠠᠭᠠᠨ ᠭᠠᠷᠭᠠᠵᠠᠢ᠃ ᠳᠠᠷᠠᠭ᠎ᠠ ᠶ᠋ᠢᠨ ᠤᠳᠠᠭ᠎ᠠ ᠪᠣᠯᠬᠤ ᠳ᠋ᠤ᠌ ᠬᠠᠮᠢᠭ᠎ᠠ ᠡᠴᠡ ᠴᠤ ᠶᠤᠮ ᠵᠤᠷᠠᠮ᠎ᠠ ᠭᠠᠷᠴᠤ ᠢᠷᠡᠵᠦ ᠬᠠᠵᠠᠭᠤ ᠪᠠᠷ ᠨᠢ ᠳᠠᠪᠬᠢᠵᠤ᠂ ᠬᠠᠮᠤᠭ ᠤ᠋ᠨ ᠰᠡᠭᠦᠯ ᠳ᠋ᠦ᠍ ᠲᠩᠷᠢ ᠳ᠋ᠦ᠍ ᠬᠣᠶᠠᠷ ᠡᠯᠢᠶ᠎ᠡ ᠡᠷᠭᠢᠯᠳᠦᠨ ᠨᠢᠰᠬᠦ ᠶ᠋ᠢ ᠬᠠᠷᠠᠭᠠᠳ《ᠮᠥᠩᠬᠡ ᠲᠩᠷᠢ ᠲᠡᠭᠦᠨ ᠳ᠋ᠦ᠍ ᠠᠮᠢᠳᠤᠷᠠᠯ ᠬᠠᠢᠷᠠᠯᠠᠵᠠᠢ》 ᠭᠡᠮᠡᠨ ᠪᠤᠴᠠᠭᠠᠨ ᠭᠠᠷᠭᠠᠵᠤ ᠢᠷᠡᠭᠰᠡᠨ ᠪᠠᠢᠨ᠎ᠠ᠃ ᠡᠨᠡ ᠬᠡᠷᠡᠭ ᠦ᠋ᠨ ᠤᠴᠢᠷ ᠵᠠᠬ᠎ᠠ ᠬᠠᠮᠪᠤ ᠡᠴᠢᠭᠡ ᠨᠢ ᠲᠡᠢᠨ ᠬᠦ᠌《ᠡᠵᠡᠨ ᠦ᠌ ᠦᠨᠡᠨᠴᠢ ᠪᠣᠭᠣᠯ》 ᠭᠡᠮᠡᠨ ᠶᠡᠬᠡᠳᠡ ᠪᠠᠶᠠᠷ ᠲᠠᠢ ᠰᠤᠷᠬᠠᠭᠲᠠᠨᠢ ᠪᠡᠬᠢ ᠬᠠᠲᠤᠨ ᠪᠠᠷ ᠬᠡᠯᠡᠨ ᠥᠪᠡᠷ ᠦ᠋ᠨ ᠪᠣᠯᠭᠠᠨ᠂ ᠥᠭᠯᠢᠭᠡ ᠬᠠᠷᠠᠮᠵᠢ ᠥᠭᠬᠦ ᠪᠡᠷ ᠠᠪᠴᠤ ᠢᠷᠡᠭᠰᠡᠨ ᠪᠠᠢᠯ᠎ᠠ᠃ ᠠᠰᠢᠳᠠ ᠲᠡᠮᠦᠷ ᠦ᠋ᠨ ᠡᠨᠡ ᠲᠡᠪᠴᠢᠶᠡᠷᠢ ᠬᠠᠲᠠᠭᠤᠵᠢᠯ ᠢ᠋ ᠬᠠᠷᠠᠭᠰᠠᠨ ᠡᠴᠢᠭᠡ ᠨᠢ ᠢᠷᠡᠭᠡᠳᠦᠢ ᠶ᠋ᠢᠨ ᠪᠠᠭᠠᠲᠤᠷ᠂ ᠴᠡᠷᠢᠭ ᠡᠷ᠎ᠡ ᠪᠣᠯᠬᠤ ᠴᠤ᠌ ᠶᠤᠮ ᠪᠢᠯᠡ ᠦᠦ ᠭᠡᠵᠦ ᠪᠣᠳᠣᠵᠤ ᠠᠪᠴᠤ ᠢᠷᠡᠭᠰᠡᠨ ᠪᠢᠵᠡ᠃ ᠲᠡᠭᠦᠨ ᠦ᠌ ᠢᠷᠡᠭᠡᠳᠦᠢ ᠵᠠᠬ᠎ᠠ ᠬᠠᠮᠪᠤ ᠶ᠋ᠢᠨ ᠬᠦᠰᠡᠯ ᠢ᠋ᠶ᠋ᠡᠷ ᠪᠣᠯᠤᠭ᠎ᠠ ᠦᠭᠡᠢ ᠶᠦᠮ᠃ ᠠᠰᠢᠳᠠ ᠲᠡᠮᠦᠷ ᠪᠠᠭ᠎ᠠ ᠠ᠋ᠴᠠ ᠪᠠᠨ ᠯᠠ ᠬᠣᠭᠣᠯᠠ ᠬᠢᠬᠦ ᠳᠤᠷᠠᠲᠠᠢ ᠬᠡᠦᠬᠡᠳ ᠪᠠᠢᠯ᠎ᠠ᠃ ᠶᠠᠮᠠᠷ ᠴᠤ᠌ ᠠᠵᠢᠯ ᠲᠥᠷᠥᠯ ᠬᠢᠵᠦ ᠪᠠᠢᠭᠰᠠᠨ ᠴᠤ᠌ ᠲᠡᠭᠦᠨ ᠢ᠋ ᠪᠡᠨ ᠬᠤᠷᠳᠤᠨ ᠭᠡᠭᠴᠢ ᠬᠢᠵᠦ ᠳᠠᠭᠤᠰᠬᠠᠴᠢᠬᠠᠭᠰᠠᠨ ᠳᠠᠷᠤᠢ ᠳ᠋ᠠᠭᠠᠨ ᠬᠣᠭᠣᠯᠠ ᠤᠮᠳᠠ ᠬᠢᠵᠦ ᠪᠠᠢᠭ᠎ᠠ ᠲᠣᠭᠣᠭᠠᠴᠢ᠂  ᠪᠠᠭᠤᠷᠴᠢᠳ ᠲᠤ᠌ ᠲᠤᠰᠠᠯᠠᠨ ᠡᠨᠳᠡ ᠲᠡᠨᠳᠡ ᠭᠦᠶᠦᠨ ᠶᠠᠪᠤᠳᠠᠭ᠃ ᠤᠯᠠᠮ ᠢ᠋ᠶ᠋ᠠᠷ ᠲᠣᠮᠣ ᠪᠣᠯᠤᠭᠰᠠᠨ ᠬᠣᠢᠨ᠎ᠠ ᠪᠠᠨ ᠠᠮᠲᠠ ᠲᠠᠢ ᠰᠠᠢᠬᠠᠨ ᠬᠣᠭᠣᠯᠠ ᠬᠢᠳᠡᠭ ᠪᠣᠯᠤᠭᠰᠠᠨ ᠪᠠᠢᠪᠠ᠃ ᠬᠡᠳᠦᠢᠪᠡᠷ ᠠᠰᠢᠳᠠ ᠲᠡᠮᠦᠷ ᠥᠭᠡᠳᠡ ᠪᠣᠯᠤᠭᠰᠠᠨ ᠡᠮᠭᠡᠨᠢᠯᠲᠦ ᠮᠡᠳᠡᠭᠡᠨ ᠳ᠋ᠦ᠍ ᠰᠡᠳᠬᠢᠯ ᠡᠪᠡᠳᠦᠨ ᠪᠠᠢᠭᠰᠠᠨ ᠴᠤ᠌ ᠠᠭᠤᠷᠠᠭ ᠢ᠋ ᠰᠠᠬᠢᠨ ᠰᠠᠭᠤᠭᠰᠠᠨ ᠬᠠᠲᠤᠨ ᠤ᠋ ᠠᠯᠪᠠᠲᠤ ᠨᠤᠭᠤᠳ ᠣᠯᠠᠨ ᠲᠤᠯᠠ ᠭᠤᠷᠪᠠᠨ ᠵᠢᠯ ᠭᠠᠷᠤᠢ ᠶ᠋ᠢᠨ ᠬᠤᠭᠤᠴᠠᠭᠠᠨ ᠳ᠋ᠤ᠌ ᠡᠨᠡ ᠭᠠᠵᠠᠷ ᠤᠷᠢᠳᠤ ᠶ᠋ᠢᠨ ᠠᠳᠠᠯᠢ ᠥᠩᠭᠡ ᠵᠢᠰᠦ᠂ ᠬᠥᠯ ᠬᠥᠳᠡᠯᠭᠡᠭᠡᠨ᠂ ᠳᠠᠭᠤ ᠱᠣᠣ ᠲᠠᠢ ᠬᠡᠪ ᠢ᠋ᠶ᠋ᠡᠷ ᠪᠠᠢᠯ᠎ᠠ᠃ ᠦᠷᠭᠦᠭᠡᠨ ᠳ᠋ᠡᠭᠡᠨ ᠰᠠᠨᠠᠭᠠᠰᠢᠷᠠᠨ ᠰᠠᠭᠤᠬᠤ ᠬᠠᠲᠤᠨ ᠢ᠋ ᠠᠵᠢᠭᠯᠠᠨ ᠬᠠᠷᠠᠵᠤ ᠵᠣᠭᠰᠣᠬᠤ ᠠᠵᠢᠨ᠂     
    — ᠠᠰᠢᠳᠠ ᠲᠡᠮᠦᠷ ᠲᠠᠨ ᠤ᠋ ᠪᠣᠭᠣᠯ᠂ ᠬᠠᠲᠤᠨ ᠲᠠ ᠪᠣᠭᠣᠯ ᠬᠥᠮᠦᠨ ᠦ᠌ ᠠᠷᠤ ᠠ᠋ᠴᠠ ᠢᠩᠭᠢᠵᠦ ᠭᠠᠰᠢᠭᠤᠳᠠᠨ ᠪᠠᠢᠭ᠎ᠠ ᠲᠠᠨᠢ ᠭᠠᠢᠬᠠᠰᠢ ᠲᠥᠷᠥᠭᠦᠯᠬᠦ ᠶᠦᠮ ᠭᠡᠮᠡᠨ ᠠᠰᠠᠭᠤᠬᠤ ᠳ᠋ᠤ᠌᠂       
    — ᠲᠡᠷᠡ ᠬᠡᠳᠦᠢᠪᠡᠷ ᠮᠢᠨᠦ ᠪᠣᠭᠣᠯ ᠴᠤ᠌ ᠭᠡᠰᠡᠨ ᠪᠢ ᠥᠨᠥ ᠡᠷᠳᠡᠨᠢᠲᠦ ᠬᠥᠮᠦᠨ ᠦ᠌ ᠠᠮᠢ ᠨᠠᠰᠤᠨ ᠤ᠋ ᠠᠷᠤ ᠠ᠋ᠴᠠ ᠭᠠᠰᠢᠭᠤᠳᠠᠨ ᠰᠠᠭᠤᠨ᠎ᠠ᠃ ᠬᠠᠭᠠᠨ ᠬᠠᠷᠠᠴᠤ ᠢᠯᠭᠠᠭ᠎ᠠ ᠦᠭᠡᠢ ᠡᠷᠳᠡᠨᠢᠲᠦ  ᠬᠥᠮᠦᠨ ᠦ᠌ ᠠᠮᠢ ᠲᠠᠢ ᠲᠤᠯᠠ ᠠᠮᠢ ᠪᠦᠬᠦᠨ ᠦᠨ᠎ᠡ ᠲᠡᠢ ᠭᠡᠵᠦ ᠬᠠᠲᠤᠨ ᠬᠡᠯᠡᠯ᠎ᠡ᠃ 
 
    ᠦᠰᠦᠭ ᠠᠮᠢᠯᠠᠭᠤᠯᠤᠭᠴᠢ᠄ ᠪᠠᠶᠠᠨᠴᠡᠴᠡᠭ᠂ ᠨᠠᠷᠠᠨᠲᠤᠶᠠᠭ᠎ᠠ᠂ ᠤᠷᠠᠨᠴᠢᠮᠡᠭ᠂ ᠨᠤᠲᠤᠭ᠂ ᠡ᠊᠂ ᠭᠤᠸ᠎ᠠ᠂ ᠣᠶᠤᠨᠴᠢᠮᠡᠭ᠂ ᠱᠠᠭᠰᠠᠯ᠂ ᠳᠡᠭᠦᠦᠵᠠᠶᠠᠭ᠎ᠠ᠂ ᠨᠡᠭᠦᠳᠡᠯ
    ᠬᠢᠨᠠᠭᠴᠢ᠄ ᠣᠳᠬᠠᠨᠰᠣ᠎ᠠ᠂ ᠰᠡᠬᠡᠭᠡᠷᠡᠯ᠂ ᠭᠠᠷᠮ᠎ᠠ᠂ ᠨᠠᠷᠠᠨ᠂ ᠪᠠᠯ᠂ ᠣᠶᠤᠨᠴᠢᠮᠡᠭ