ᠰᠤᠷᠬᠠᠭᠲᠠᠨᠢ ᠪᠡᠬᠢ ᠬᠠᠲᠤᠨ-ᠪᠢᠮᠪᠠ ᠶ᠋ᠢᠨ ᠰᠠᠷᠠᠨᠲᠤᠶᠠᠭ᠎ᠠ-ᠭᠤᠷᠪᠠᠳᠤᠭᠠᠷ ᠪᠦᠯᠦᠭ ᠲᠤᠯᠬᠤ ᠴᠡᠭ ᠦᠭᠡᠢ ᠠᠮᠢᠳᠤᠷᠠᠯ ᠤ᠋ᠨ ᠰᠢᠭᠤᠷᠭ᠎ᠠ Сорхугтани бэх хатан-Тулах цэггүй амьдралын шуурга
ᠬᠠᠭᠠᠨ ᠡᠵᠡᠨ ᠮᠥᠩᠬᠡ ᠲᠩᠷᠢ ᠳ᠋ᠦ᠍ ᠣᠳᠤᠭᠰᠠᠨ ᠠ᠋ᠴᠠ ᠬᠣᠢᠰᠢ ᠪᠦᠲᠦᠨ ᠬᠣᠶᠠᠷ ᠵᠢᠯ ᠥᠩᠭᠡᠷᠡᠬᠦ ᠳ᠋ᠦ᠍ ᠬᠠᠭᠠᠨ ᠤ᠋ ᠣᠷᠣ ᠵᠠᠯᠭᠠᠭ᠎ᠠ ᠦᠭᠡᠢ ᠯᠡ ᠪᠠᠢᠯ᠎ᠠ᠃ ᠡᠨᠡ ᠬᠤᠭᠤᠴᠠᠭᠠᠨ ᠳ᠋ᠤ᠌ ᠪᠥᠷᠲᠡ ᠬᠠᠲᠤᠨ ᠡᠬᠡ ᠣᠳᠬᠣᠨ ᠬᠦᠦ ᠲᠤᠯᠤᠢ ᠶ᠋ᠢᠨ ᠬᠠᠮᠲᠤ ᠲᠥᠷᠥ ᠶ᠋ᠢᠨ ᠬᠡᠷᠡᠭ ᠢ᠋ ᠮᠡᠳᠡᠵᠦ ᠪᠠᠢᠪᠠ᠃ ᠶᠡᠬᠡ ᠡᠵᠡᠨ ᠬᠠᠭᠠᠨ ᠤ᠋ ᠠᠮᠢᠳᠤ ᠰᠡᠷᠡᠭᠦᠨ ᠳ᠋ᠡᠭᠡᠨ ᠬᠡᠯᠡᠵᠦ ᠪᠠᠢᠭᠰᠠᠨᠴᠢᠯᠠᠨ ᠲᠡᠭᠦᠨ ᠦ᠌ ᠭᠤᠷᠪᠠᠳᠤᠭᠠᠷ ᠬᠦᠦ ᠥᠭᠡᠳᠡᠢ ᠶ᠋ᠢ ᠬᠠᠭᠠᠨ ᠰᠢᠷᠡᠭᠡᠨ ᠳ᠋ᠦ᠍ ᠰᠠᠭᠤᠯᠭᠠᠬᠤ ᠦᠭᠡᠢ ᠭᠡᠵᠦ ᠠᠯᠭᠤᠷᠯᠠᠭᠰᠠᠨ ᠨᠢ ᠴᠠᠭᠠᠨ᠎ᠠ ᠪᠠᠨ ᠶᠠᠮᠠᠷ ᠤᠴᠢᠷ ᠲᠠᠢ ᠨᠢ ᠲᠣᠳᠣᠷᠬᠠᠢ ᠦᠭᠡᠢ ᠡᠳᠦᠷ ᠦ᠋ᠳ ᠮᠣᠩᠭᠣᠯ ᠤ᠋ᠨ ᠲᠠᠯ᠎ᠠ ᠳ᠋ᠤ᠌ ᠦᠷᠭᠦᠯᠵᠢᠯᠡᠨ᠎ᠡ᠃
ᠨᠢᠭᠡᠨ ᠨᠠᠰᠤᠨ ᠤ᠋ ᠪᠠᠨ ᠠᠮᠢᠳᠤᠷᠠᠯ ᠢ᠋ ᠠᠶᠠᠨ ᠲᠡᠢᠨ ᠦ᠌ ᠲᠣᠭᠣᠰᠣᠨ ᠳ᠋ᠤ᠌ ᠥᠩᠭᠡᠷᠡᠭᠦᠯᠵᠦ᠂ ᠳᠡᠯᠡᠬᠡᠢ ᠶ᠋ᠢ ᠬᠣᠷᠢᠶᠠᠨ᠂ ᠨᠢᠭᠡᠨ ᠳᠡᠭᠡᠪᠦᠷ ᠳᠣᠣᠷ᠎ᠠ ᠨᠢᠭᠡᠳᠬᠡᠬᠦ ᠶ᠋ᠢ ᠵᠣᠷᠢᠨ ᠶᠠᠪᠤᠭᠰᠠᠨ ᠶᠡᠬᠡ ᠬᠠᠭᠠᠨ ᠠᠮᠢᠳᠤᠷᠠᠯ ᠤ᠋ᠨ ᠲᠤᠷᠰᠢᠲᠠ ᠰᠠᠢᠨ ᠨᠥᠬᠥᠳ ᠣᠯᠠᠨ ᠢ᠋ ᠬᠤᠷᠢᠶᠠᠭᠰᠠᠨ ᠴᠤ ᠰᠠᠭᠠᠳ ᠤᠴᠠᠷᠠᠭᠤᠯᠤᠭᠴᠢ ᠳᠠᠢᠰᠤᠨ ᠣᠯᠠᠨ ᠢ᠋ ᠦᠯᠡᠳᠡᠭᠡᠭᠰᠡᠨ ᠨᠢ ᠦᠨᠡᠨ ᠪᠠᠢᠪᠠ᠃ ᠶᠡᠬᠡ ᠬᠠᠭᠠᠨ ᠤ᠋ ᠪᠠᠨ ᠲᠩᠷᠢ ᠪᠣᠯᠤᠭᠰᠠᠨ ᠢ᠋ ᠮᠠᠰᠢᠳᠠ ᠨᠢᠭᠤᠴᠠᠯᠠᠭᠰᠠᠨ ᠲᠤᠯᠠ ᠵᠠᠷᠢᠮ ᠭᠠᠵᠠᠷ ᠣᠷᠣᠨ ᠳ᠋ᠤ᠌ ᠴᠢᠩᠭᠢᠰ ᠬᠠᠭᠠᠨ ᠢ᠋ ᠠᠮᠢᠳᠤ ᠰᠡᠷᠡᠭᠦᠨ ᠪᠠᠢᠭ᠎ᠠ ᠭᠡᠵᠦ ᠢᠲᠡᠭᠡᠵᠦ ᠪᠠᠢᠭᠰᠠᠨ ᠬᠡᠷᠡᠭ᠃ ᠶᠡᠬᠡᠩᠬᠢ ᠳ᠋ᠡᠭᠡᠨ ᠳᠠᠢᠰᠤᠨ ᠨᠤᠭᠤᠳ ᠤ᠋ᠨ ᠳᠤᠮᠳᠠ ᠪᠠᠢᠭᠰᠠᠨ ᠡᠨᠡ ᠢᠲᠡᠭᠡᠯ ᠶᠡᠬᠡ ᠮᠣᠩᠭᠣᠯ ᠤ᠋ᠨ ᠲᠠᠯ᠎ᠠ ᠨᠤᠲᠤᠭ ᠲᠤ ᠠᠮᠤᠷ ᠲᠠᠢᠪᠤᠩ ᠢ᠋ ᠳᠠᠪᠬᠤᠷ ᠠᠪᠴᠢᠷᠠᠵᠤ ᠪᠠᠢᠯ᠎ᠠ᠃ ᠭᠡᠪᠡᠴᠦ ᠠᠮᠤᠭᠤᠯᠠᠩ ᠰᠠᠭᠤᠬᠤ ᠴᠠᠭ ᠤᠳᠠᠭᠠᠨ ᠦᠷᠭᠦᠯᠵᠢᠯᠡᠭᠰᠡᠨ ᠦᠭᠡᠢ᠃ ᠡᠨᠡ ᠬᠤᠭᠤᠴᠠᠭᠠᠨ ᠳ᠋ᠤ᠌ ᠲᠤᠯᠤᠢ ᠡᠵᠡᠨ ᠥᠪᠡᠷ ᠦ᠋ᠨ ᠪᠡᠶ᠎ᠡ ᠪᠡᠷ ᠶᠡᠬᠡ ᠴᠡᠷᠢᠭ ᠢ᠋ᠶ᠋ᠡᠨ ᠤᠳᠤᠷᠢᠳᠤᠨ᠂ ᠬᠠᠭᠠᠨ ᠡᠴᠢᠭᠡ ᠪᠡᠨ ᠲᠩᠷᠢ ᠳ᠋ᠦ᠍ ᠡᠷᠭᠦᠭᠰᠡᠨ ᠠᠯᠲᠠᠨ ᠤᠯᠤᠰ ᠤ᠋ᠨ ᠭᠠᠵᠠᠷ ᠰᠢᠷᠣᠢ ᠳᠡᠭᠡᠷ᠎ᠡ ᠳᠠᠢᠳᠤᠵᠤ᠂ ᠲᠡᠷᠡ ᠵᠢᠯ ᠳ᠋ᠡᠭᠡᠨ ᠠᠯᠲᠠᠨ ᠤᠯᠤᠰ ᠤ᠋ᠨ ᠵᠡᠭᠦᠨ ᠪᠣᠯᠤᠨ ᠡᠮᠦᠨᠡᠬᠢ ᠬᠡᠰᠡᠭ ᠢ᠋ ᠪᠠᠢᠯᠳᠤᠨ ᠡᠵᠡᠯᠡᠪᠡ᠃ ᠮᠥᠩᠬᠡ ᠲᠩᠷᠢ ᠶ᠋ᠢᠨ ᠠᠯᠲᠠᠨ ᠨᠠᠷᠠ ᠭᠡᠷᠡᠯ ᠭᠡᠭᠡ ᠶ᠋ᠢ ᠠᠪᠴᠤ ᠢᠷᠡᠳᠡᠭ ᠴᠤ ᠲᠡᠭᠦᠨ ᠳ᠋ᠦ᠍ ᠰᠡᠭᠦᠳᠡᠷ ᠨᠢᠭᠤᠭᠳᠠᠨ ᠪᠠᠢᠳᠠᠭ᠃
ᠮᠣᠩᠭᠣᠯ ᠤ᠋ᠨ ᠴᠡᠷᠢᠭ ᠦ᠋ᠳ ᠣᠯᠠᠨ ᠵᠢᠯ ᠦ᠋ᠨ ᠲᠤᠷᠰᠢᠲᠠ ᠢᠯᠠᠯᠲᠠ ᠶ᠋ᠢᠨ ᠳᠠᠭᠤ ᠶ᠋ᠢ ᠳᠡᠯᠡᠬᠡᠢ ᠶ᠋ᠢᠨ ᠥᠨᠴᠥᠭ ᠪᠤᠯᠤᠩ ᠠ᠋ᠴᠠ ᠡᠬᠡ ᠨᠤᠲᠤᠭ ᠲᠠᠭᠠᠨ ᠠᠪᠴᠤ ᠢᠷᠡᠳᠡᠭ ᠪᠠᠢᠭᠰᠠᠨ ᠪᠣᠯ ᠢᠯᠠᠭᠳᠠᠯ ᠤ᠋ᠨ ᠵᠠᠷᠢᠮ ᠨᠢᠭᠡᠬᠡᠨ ᠴᠢᠮᠡᠭᠡ ᠶ᠋ᠢ ᠬᠠᠶᠠ ᠰᠣᠨᠣᠷᠳᠠᠭᠤᠯᠬᠤ ᠪᠣᠯᠤᠭᠰᠠᠨ ᠪᠠᠢᠯ᠎ᠠ᠃ ᠲᠤᠯᠤᠢ ᠶ᠋ᠢ ᠡᠬᠡ ᠨᠤᠲᠤᠭ ᠲᠠᠭᠠᠨ ᠢᠷᠡᠭᠰᠡᠨ ᠦ᠌ ᠳᠠᠷᠠᠭ᠎ᠠ ᠲᠡᠳᠡᠨ ᠦ᠌ ᠦᠷᠭᠦᠭᠡᠨ ᠳ᠋ᠦ᠍ ᠪᠣᠯᠤᠭᠰᠠᠨ ᠶᠠᠷᠢᠶ᠎ᠠ᠂ ᠶᠡᠬᠡ ᠮᠣᠩᠭᠣᠯ ᠤᠯᠤᠰ ᠤ᠋ᠨ ᠢᠷᠡᠭᠡᠳᠦᠢ ᠶ᠋ᠢ ᠲᠣᠳᠣᠷᠬᠠᠢᠯᠠᠭᠰᠠᠨ ᠴᠤ ᠪᠠᠢᠵᠤ ᠮᠡᠳᠡᠬᠦ ᠶᠦᠮ᠃
ᠲᠤᠯᠤᠢ ᠡᠵᠡᠨ᠂ ᠰᠤᠷᠬᠠᠭᠲᠠᠨᠢ ᠬᠠᠲᠤᠨ ᠪᠣᠯᠤᠨ ᠪᠥᠷᠲᠡ ᠬᠠᠲᠤᠨ ᠶᠡᠬᠡ ᠦᠷᠭᠦᠭᠡᠨ ᠳ᠋ᠦ᠍ ᠪᠠᠢᠯ᠎ᠠ᠃
— ᠬᠠᠭᠠᠨ ᠲᠩᠷᠢ ᠳ᠋ᠦ᠍ ᠬᠠᠯᠢᠭᠠᠳ ᠳᠠᠷᠤᠢ ᠬᠣᠶᠠᠷ ᠵᠢᠯ ᠦ᠋ᠨ ᠨᠢᠭᠤᠷ ᠢ᠋ ᠦᠵᠡᠬᠦ ᠭᠡᠵᠦ ᠪᠠᠢᠨ᠎ᠠ᠃ ᠬᠠᠨ ᠬᠥᠪᠡᠭᠦᠳ ᠪᠣᠯᠤᠨ ᠠᠯᠲᠠᠨ ᠤᠷᠤᠭ ᠤ᠋ᠨ ᠬᠢᠨ ᠥᠨᠥ ᠶ᠋ᠢ ᠬᠦᠷᠲᠡᠯ᠎ᠡ ᠳᠠᠷᠠᠭ᠎ᠠ ᠶ᠋ᠢᠨ ᠬᠠᠭᠠᠨ ᠢ᠋ ᠵᠠᠷᠯᠠᠬᠤ ᠦᠭᠡᠢ ᠪᠠᠢᠭ᠎ᠠ ᠶ᠋ᠢᠨ ᠤᠴᠢᠷ ᠰᠡᠳᠬᠢᠯ ᠶᠡᠬᠡᠳᠡ ᠵᠣᠪᠠᠨᠢᠨ ᠰᠠᠭᠤᠨ᠎ᠠ ᠭᠡᠮᠡᠨ ᠰᠢᠨᠠᠯᠤᠩᠭᠤᠢ ᠪᠠᠷ ᠬᠡᠯᠡᠵᠦ ᠪᠠᠢᠭ᠎ᠠ ᠪᠥᠷᠲᠡ ᠬᠠᠲᠤᠨ᠂ ᠬᠠᠭᠠᠨ ᠡᠵᠡᠨ ᠡᠴᠡ ᠬᠣᠢᠰᠢ ᠬᠣᠶᠠᠷ ᠵᠢᠯ ᠦ᠋ᠨ ᠳᠣᠲᠣᠷ᠎ᠠ ᠰᠡᠳᠬᠢᠯ ᠰᠠᠨᠠᠭ᠎ᠠ ᠨᠢ ᠬᠦᠨᠳᠦᠬᠡᠨ ᠪᠠᠢᠭᠰᠠᠨ ᠪᠣᠯᠤᠯᠲᠠᠢ᠂ ᠪᠠᠭ᠎ᠠ ᠦᠭᠡᠢ ᠬᠥᠭᠰᠢᠷᠡᠭᠰᠡᠨ ᠬᠠᠷᠠᠭᠳᠠᠨ᠎ᠠ᠃ ᠪᠤᠭᠤᠷᠤᠯ ᠦᠰᠦ ᠨᠢ ᠤᠯᠠᠮ ᠶᠡᠬᠡᠰᠴᠦ᠂ ᠨᠢᠳᠦᠨ ᠦ᠌ ᠬᠢᠨᠢ ᠭᠠᠯ ᠬᠠᠷᠢᠵᠤ᠂ ᠨᠢᠭᠤᠷ ᠳᠡᠭᠡᠭᠦᠷ ᠨᠢ ᠭᠦᠨ ᠦᠷᠴᠢᠯᠡᠭᠡᠰᠦ ᠨᠦ᠍ᠭᠦᠳ ᠲᠣᠳᠣᠷᠠᠵᠠᠢ᠃
— ᠪᠢ ᠬᠠᠭᠠᠨ ᠠᠬ᠎ᠠ ᠶ᠋ᠢ ᠮᠠᠷᠲᠠᠭᠰᠠᠨ ᠢ᠋ ᠰᠠᠨᠠᠭᠤᠯᠵᠤ᠂ ᠤᠨᠲᠠᠭᠰᠠᠨ ᠢ᠋ ᠰᠡᠷᠡᠭᠡᠵᠦ ᠶᠠᠪᠤᠬᠤ ᠪᠠᠨ ᠨᠢᠭᠡᠨᠲᠡ ᠠᠮᠠᠯᠠᠭᠰᠠᠨ ᠴᠤ ᠥᠭᠡᠳᠡᠢ ᠠᠬ᠎ᠠ ᠥᠨᠥᠳᠥᠷ ᠢ᠋ ᠬᠦᠷᠲᠡᠯ᠎ᠡ ᠬᠠᠭᠠᠨ ᠰᠠᠭᠤᠬᠤ ᠦᠭᠡᠢ ᠪᠠᠢᠭ᠎ᠠ ᠶ᠋ᠢᠨ ᠤᠴᠢᠷ ᠲᠤ ᠪᠢ ᠴᠦ᠍ ᠮᠥᠨ ᠰᠡᠳᠬᠢᠯ ᠰᠢᠨᠠᠯᠵᠤ ᠪᠠᠢᠨ᠎ᠠ ᠭᠡᠮᠡᠨ ᠲᠤᠯᠤᠢ ᠶ᠋ᠢ ᠬᠡᠯᠡᠬᠦ ᠳ᠋ᠦ᠍ ᠰᠤᠷᠬᠠᠭᠲᠠᠨᠢ᠄
— ᠥᠭᠡᠳᠡᠢ ᠠᠬ᠎ᠠ ᠶ᠋ᠢᠨ ᠡᠷᠬᠡ ᠬᠦᠴᠦᠨ᠂ ᠡᠳ᠋ ᠪᠠᠶᠠᠯᠢᠭ ᠳᠤᠲᠠᠵᠤ ᠪᠣᠢ ᠪᠣᠯ ᠪᠢᠳᠡ ᠬᠦᠴᠦ ᠨᠡᠮᠡᠶ᠎ᠡ᠃ ᠨᠢᠭᠡᠨᠲᠡ ᠡᠵᠡᠨ ᠬᠠᠭᠠᠨ ᠬᠥᠪᠡᠭᠦᠳ ᠲᠡᠭᠡᠨ ᠭᠠᠵᠠᠷ ᠣᠷᠣᠨ ᠲᠠᠰᠤᠯᠤᠨ ᠥᠭᠭᠦᠭᠰᠡᠨ ᠪᠣᠢ᠃ ᠬᠠᠭᠠᠨ ᠤ᠋ ᠴᠤᠭᠯᠠᠭᠤᠯᠤᠭᠰᠠᠨ ᠶᠡᠬᠡ ᠤᠯᠤᠰ ᠢ᠋ ᠬᠥᠪᠡᠭᠦᠳ ᠥᠪᠡᠷ ᠵᠠᠭᠤᠷ᠎ᠠ ᠪᠠᠨ ᠰᠠᠬᠢᠨ ᠰᠠᠭᠤᠬᠤ ᠬᠡᠷᠡᠭ ᠶᠠᠭᠤ ᠪᠢᠯᠡ᠃ ᠡᠵᠡᠨᠲᠦ ᠤᠯᠤᠰ ᠪᠠᠢᠬᠤ ᠳ᠋ᠤ᠌ ᠡᠳ᠋ ᠪᠠᠶᠠᠯᠢᠭ ᠪᠢᠳᠡᠨ ᠳ᠋ᠦ᠍ ᠡᠷᠬᠢᠮ ᠭᠡᠵᠦ ᠤᠤ ᠬᠡᠮᠡᠪᠡᠯ ᠲᠤᠯᠤᠢ ᠬᠠᠲᠤᠨ ᠤ᠋ ᠪᠠᠨ ᠦᠭᠡ ᠶ᠋ᠢ ᠡᠷᠭᠢᠴᠡᠭᠦᠯᠦᠨ ᠪᠣᠳᠣᠯ᠎ᠠ᠃ ᠬᠠᠭᠠᠨ ᠠᠪᠤ ᠶ᠋ᠢ ᠰᠡᠷᠡᠭᠦᠨ ᠠᠬᠤᠢ ᠳ᠋ᠠᠭᠠᠨ ᠲᠠᠰᠤᠳᠠᠨ ᠥᠭᠭᠦᠭᠰᠡᠨ ᠭᠠᠵᠠᠷ ᠨᠤᠲᠤᠭ ᠬᠥᠮᠦᠨ ᠠᠷᠠᠳ ᠲᠡᠳᠡᠨ ᠳ᠋ᠦ᠍ ᠪᠣᠢ᠂ ᠲᠡᠷᠡ ᠪᠡᠷ ᠪᠥᠷᠲᠡ ᠡᠬᠡ ᠳ᠋ᠡᠭᠡᠨ ᠬᠠᠨᠳᠤᠨ᠄
— ᠬᠠᠲᠤᠨ ᠤ᠋ ᠬᠡᠯᠡᠳᠡᠭ ᠦᠨᠡᠨ᠂ ᠡᠵᠡᠨᠲᠦ ᠤᠯᠤᠰ ᠪᠠᠢᠬᠤ ᠳ᠋ᠤ᠌ ᠡᠳ᠋ ᠪᠠᠶᠠᠯᠢᠭ ᠪᠢᠳᠡᠨ ᠳ᠋ᠦ᠍ ᠪᠣᠢ ᠭᠡᠰᠡᠨ ᠦᠭᠡ᠃ ᠲᠡᠢᠮᠦ ᠡᠴᠡ ᠥᠪᠡᠷ ᠦ᠋ᠨ ᠳᠣᠲᠣᠷ᠎ᠠ ᠭᠠᠵᠠᠷ ᠤ᠋ᠨ ᠬᠥᠮᠦᠰ ᠢ᠋ᠶ᠋ᠡᠨ ᠥᠭᠡᠳᠡᠢ ᠠᠬ᠎ᠠ ᠳ᠋ᠤ᠌ ᠡᠷᠭᠦᠨ ᠪᠠᠷᠢᠶ᠎ᠠ ᠭᠡᠪᠡ᠃ ᠪᠥᠷᠲᠡ ᠬᠠᠲᠤᠨ᠄
— ᠦᠷ᠎ᠡ ᠬᠡᠦᠬᠡᠳ ᠦ᠋ᠳ ᠮᠢᠨᠢ ᠨᠢᠭᠡᠨ ᠰᠡᠳᠬᠢᠯ ᠳᠣᠣᠷ᠎ᠠ ᠪᠠᠢᠬᠤ ᠠᠪᠠᠰᠤ ᠦᠯᠡᠳᠡᠭᠰᠡᠨ ᠦᠢᠯᠡᠰ ᠠᠶᠠᠨᠳᠠᠭᠠᠨ ᠪᠦᠲᠦᠳᠡᠭ ᠵᠢᠮ᠎ᠡ ᠲᠡᠢ᠂ ᠰᠤᠷᠬᠠᠭᠲᠠᠨᠢ ᠶ᠋ᠢᠨ ᠦᠭᠡ ᠦᠨᠡᠨ ᠪᠠᠢᠨ᠎ᠠ᠃ ᠬᠡᠷᠬᠢᠬᠦ ᠶ᠋ᠢ ᠲᠤᠯᠤᠢ ᠮᠡᠳᠡᠲᠦᠭᠡᠢ᠃ ᠬᠠᠷᠢᠨ ᠴᠠᠭᠠᠲᠠᠢ᠂ ᠣᠳᠴᠢᠬᠢᠨ ᠨᠣᠶᠠᠨ ᠪᠣᠯᠤᠨ ᠠᠯᠲᠠᠨ ᠤᠷᠤᠭ ᠤ᠋ᠨ ᠬᠢᠨ ᠳ᠋ᠦ᠍ ᠬᠡᠯᠡ ᠬᠦᠷᠭᠡᠶ᠎ᠡ᠃ ᠲᠡᠳᠡ ᠴᠦ᠍ ᠥᠪᠡᠷ ᠦ᠋ᠨ ᠢᠷᠭᠡᠳ ᠢ᠋ᠶ᠋ᠡᠨ ᠡᠷᠭᠦᠨ ᠪᠠᠷᠢᠬᠤ ᠪᠢᠵᠡ᠂ ᠶᠡᠬᠡ ᠬᠤᠷᠠᠯᠲᠠᠢ ᠶ᠋ᠢ ᠶᠠᠭᠠᠷᠠᠪᠴᠢᠯᠠᠵᠤ ᠡᠵᠡᠨ ᠬᠠᠭᠠᠨ ᠢ᠋ ᠰᠢᠷᠡᠭᠡᠨ ᠳ᠋ᠦ᠍ᠨᠢ ᠵᠠᠯᠠᠶ᠎ᠠ ᠬᠡᠮᠡᠪᠡ᠃
ᠲᠤᠯᠤᠢ ᠶ᠋ᠢᠨ ᠦᠷᠭᠦᠭᠡᠨ ᠳ᠋ᠦ᠍ ᠪᠣᠯᠤᠭᠰᠠᠨ ᠡᠨᠡ ᠶᠠᠷᠢᠶᠠᠨ ᠤ᠋ ᠳᠠᠷᠠᠭᠠᠬᠠᠨ ᠡᠯᠴᠢ ᠳᠣᠪᠲᠣᠯᠭᠠᠨ᠂ ᠶᠡᠬᠡ ᠬᠤᠷᠠᠯᠲᠠᠢ ᠶ᠋ᠢᠨ ᠵᠠᠷ ᠢ᠋ ᠲᠠᠷᠬᠠᠭᠠᠵᠤ᠂ ᠪᠠᠷᠠᠭᠤᠨ ᠭᠠᠷ ᠤ᠋ᠨ ᠬᠥᠪᠡᠭᠦᠳ ᠪᠣᠯᠬᠤ ᠴᠠᠭᠠᠲᠠᠢ᠂ ᠲᠡᠭᠦᠨ ᠦ᠌ ᠬᠦᠦ ᠪᠦᠷᠭᠢ᠂ ᠵᠥᠴᠢ ᠶ᠋ᠢᠨ ᠤᠤᠭᠠᠨ ᠬᠦᠦ ᠪᠠᠲᠤ᠂ ᠪᠠᠷᠠᠭᠤᠨ ᠭᠠᠷ ᠤ᠋ᠨ ᠬᠥᠪᠡᠭᠦᠳ ᠪᠣᠯᠬᠤ ᠤᠳᠴᠢᠬᠢᠨ ᠨᠣᠶᠠᠨ᠂ ᠶᠢᠬᠦ᠂ ᠶᠢᠰᠦᠩᠭᠡ᠂ ᠥᠬᠢᠳ ᠬᠦᠷᠭᠡᠳ᠂ ᠲᠦᠮᠡᠲᠦ ᠪᠣᠯᠤᠨ ᠮᠢᠩᠭᠠᠲᠤ ᠶ᠋ᠢᠨ ᠨᠣᠶᠠᠳ ᠲᠤ ᠬᠡᠯᠡ ᠬᠦᠷᠭᠡᠭᠦᠯᠪᠡ᠃ ᠭᠤᠷᠪᠠᠨ ᠭᠣᠣᠯ ᠤ᠋ᠨ ᠰᠠᠪᠠ ᠭᠠᠵᠠᠷ᠂ ᠬᠡᠷᠦᠯᠦᠨ ᠦ᠌ ᠬᠥᠳᠡᠭᠡ ᠠᠷᠠᠯ ᠠ᠋ᠴᠠ ᠬᠣᠯᠠ ᠦᠭᠡᠢᠬᠡᠨ ᠶᠡᠬᠡ ᠠᠭᠤᠷᠠᠭ ᠣᠷᠳᠣᠨ ᠤ᠋ ᠬᠠᠵᠠᠭᠤᠬᠠᠨ ᠳ᠋ᠤ᠌ ᠪᠣᠰᠤᠭᠰᠠᠨ ᠴᠢᠩᠭᠢᠰ ᠬᠠᠭᠠᠨ ᠤ᠋ ᠣᠩᠭᠣᠨ ᠰᠢᠲᠦᠭᠡᠨ ᠦ᠌ ᠰᠦᠮ᠎ᠡ ᠶ᠋ᠢᠨ ᠬᠠᠭᠠᠯᠭ᠎ᠠ ᠨᠡᠭᠡᠭᠡᠯᠲᠡ ᠲᠡᠢ ᠪᠠᠢᠯ᠎ᠠ᠃ ᠰᠢᠲᠦᠭᠡᠨ ᠦ᠌ ᠰᠦᠮ᠎ᠡ ᠶ᠋ᠢᠨ ᠭᠠᠳᠠᠨ᠎ᠠ ᠬᠡᠰᠢᠭᠲᠡᠨ ᠴᠡᠷᠢᠭ ᠦ᠋ᠳ ᠵᠢᠭᠰᠠᠨ ᠵᠣᠭᠰᠣᠭᠰᠠᠨ ᠢ᠋ ᠦᠵᠡᠪᠡᠯ ᠳᠣᠲᠣᠷ᠎ᠠ ᠡᠷᠬᠡ ᠮᠡᠳᠡᠯᠲᠡᠨ᠂ ᠡᠵᠡᠨ ᠨᠣᠶᠠᠨ ᠪᠣᠢ ᠨᠢ ᠢᠯᠡᠳᠲᠡ᠃ ᠶᠡᠬᠡ ᠠᠭᠤᠷᠠᠭ ᠪᠦᠬᠦᠯᠢ ᠳ᠋ᠡᠭᠡᠨ ᠢᠯᠡᠳᠲᠡ ᠬᠥᠯ ᠬᠥᠳᠡᠯᠭᠡᠭᠡᠨ ᠳ᠋ᠦ᠍ ᠣᠷᠣᠵᠠᠢ᠃ ᠰᠦᠮ᠎ᠡ ᠶ᠋ᠢᠨ ᠨᠡᠭᠡᠭᠡᠯᠲᠡ ᠲᠡᠢ ᠬᠠᠭᠠᠯᠭ᠎ᠠ ᠪᠠᠷ ᠵᠤᠨ ᠤ᠋ ᠳᠡᠯᠭᠡᠷ ᠴᠠᠭ᠂ ᠵᠠᠬ᠎ᠠ ᠬᠢᠵᠠᠭᠠᠷ ᠦᠭᠡᠢ ᠴᠡᠯᠡᠢᠭᠰᠡᠨ ᠲᠠᠯ᠎ᠠ ᠬᠠᠷᠠᠭᠳᠠᠨ᠂ ᠴᠢᠩᠭᠢᠰ ᠬᠠᠭᠠᠨ ᠤ᠋ ᠬᠦᠦ ᠥᠭᠡᠳᠡᠢ᠂ ᠲᠤᠯᠤᠢ᠂ ᠰᠤᠷᠬᠠᠭᠲᠠᠨᠢ ᠬᠠᠲᠤᠨ ᠨᠠᠷ ᠶᠡᠬᠡ ᠬᠠᠭᠠᠨ ᠤ᠋ ᠰᠢᠲᠦᠭᠡᠨ ᠳ᠋ᠦ᠍ ᠬᠦᠨᠳᠦᠳᠬᠡᠯ ᠢᠯᠡᠷᠬᠡᠢᠯᠡᠨ ᠪᠠᠢᠯ᠎ᠠ᠃
ᠲᠤᠯᠤᠢ ᠰᠢᠲᠦᠭᠡᠨ ᠦ᠌ ᠵᠦᠭ ᠲᠦ᠍ ᠬᠠᠷᠠᠨ᠄
— ᠬᠠᠭᠠᠨ ᠡᠴᠢᠭᠡ ᠶ᠋ᠢᠨ ᠦᠯᠡᠳᠡᠭᠡᠭᠰᠡᠨ ᠤᠯᠤᠰ ᠢ᠋ ᠬᠠᠮᠠᠭᠠᠯᠠᠨ ᠲᠡᠮᠡᠴᠡᠭᠰᠡᠭᠡᠷ ᠡᠳᠦᠢ ᠬᠦᠷᠦᠯ᠎ᠡ᠃ ᠮᠥᠩᠬᠡ ᠬᠥᠬᠡ ᠲᠩᠷᠢ ᠮᠡᠳᠡᠵᠦ ᠪᠠᠢᠭ᠎ᠠ᠃ ᠮᠢᠨᠦ ᠵᠢᠳᠬᠦᠯ ᠬᠢᠭᠡᠳ ᠰᠡᠳᠬᠢᠯ ᠪᠦᠬᠦᠨ ᠶᠡᠬᠡ ᠮᠣᠩᠭᠣᠯ ᠤᠯᠤᠰ ᠤ᠋ᠨ ᠲᠥᠯᠥᠭᠡ᠂ ᠡᠴᠢᠭᠡ ᠲᠠᠨ ᠤ᠋ ᠬᠤᠷᠢᠶᠠᠭᠰᠠᠨ ᠤᠯᠤᠰ ᠤ᠋ᠨ ᠲᠥᠯᠥᠭᠡ ᠪᠠᠢᠭᠰᠠᠨ ᠪᠢᠯᠡ᠃ ᠣᠳᠣ ᠴᠠᠭ ᠨᠢ ᠪᠣᠯᠵᠤ ᠬᠠᠭᠠᠨ ᠡᠴᠢᠭᠡ ᠲᠠᠨ ᠤ᠋ ᠭᠡᠷᠢᠶᠡᠰ ᠶᠣᠰᠣᠭᠠᠷ ᠬᠠᠭᠠᠨ ᠣᠷᠣ ᠰᠠᠭᠤᠬᠤ ᠳᠠᠷᠠᠭ᠎ᠠ ᠶ᠋ᠢᠨ ᠬᠠᠭᠠᠨ ᠤ᠋ ᠭᠠᠷ ᠲᠤ ᠡᠨᠡ ᠤᠯᠤᠰ ᠢ᠋ ᠲᠠᠨᠢ ᠥᠭᠴᠦ ᠪᠠᠢᠨ᠎ᠠ᠃ ᠪᠣᠯᠭᠣᠭᠠᠨ ᠰᠣᠶᠣᠷᠬᠠᠵᠤ ᠬᠦᠯᠢᠶᠡᠨ ᠠᠪᠤᠨ᠎ᠠ ᠤᠤ ᠬᠡᠮᠡᠨ᠎ᠡ᠃
ᠲᠤᠯᠤᠢ ᠡᠵᠡᠨ ᠬᠡᠯᠡᠬᠦ ᠦᠭᠡ ᠪᠡᠨ ᠳᠠᠭᠤᠰᠤᠭᠰᠠᠨ ᠪᠣᠯᠤᠯᠲᠠᠢ ᠰᠢᠲᠦᠭᠡᠨ ᠦ᠌ ᠡᠮᠦᠨ᠎ᠡ ᠡᠴᠡ ᠥᠨᠳᠡᠢᠨ ᠪᠣᠰᠴᠤ᠂ ᠥᠭᠡᠳᠡᠢ ᠠᠬ᠎ᠠ ᠶ᠋ᠢᠨ ᠢ᠋ᠶ᠋ᠡᠨ ᠵᠦᠭ ᠬᠠᠷᠠᠯ᠎ᠠ᠃ ᠥᠭᠡᠳᠡᠢ ᠬᠠᠭᠠᠨ ᠤ᠋ ᠰᠢᠲᠦᠭᠡᠨ ᠦ᠌ ᠡᠮᠦᠨ᠎ᠡ ᠰᠥᠭᠥᠳᠦᠨ ᠰᠠᠭᠤᠯ᠎ᠠ᠃ ᠲᠡᠷᠡ ᠶᠠᠮᠠᠷ ᠨᠢᠭᠡᠨ ᠵᠦᠢᠯ ᠬᠡᠯᠡᠬᠦ ᠭᠡᠬᠦ ᠡᠴᠡ ᠪᠡᠨ ᠢᠯᠡᠭᠦᠦ ᠲᠡᠢ ᠰᠢᠲᠦᠭᠡᠨ ᠦ᠌ ᠵᠦᠭ ᠨᠤᠬᠤᠴᠠ ᠲᠠᠢ ᠤᠳᠠᠭᠠᠨ ᠬᠠᠷᠠᠵᠤ᠄
— ᠳᠡᠭᠡᠷ᠎ᠡ ᠮᠡᠯᠲᠡᠢᠭᠴᠢ ᠠᠯᠲᠠᠨ ᠨᠠᠷᠠᠨ᠂ ᠳᠡᠷᠭᠡᠳᠡ ᠬᠥᠬᠡᠷᠡᠭᠴᠢ ᠭᠠᠵᠠᠷ ᠳᠡᠯᠡᠬᠡᠢ᠂ ᠬᠠᠭᠠᠨ ᠡᠴᠢᠭᠡ ᠶ᠋ᠢᠨ ᠠᠷᠢᠭᠤᠨ ᠰᠦᠨᠡᠰᠦ᠂ ᠬᠠᠭᠠᠳ ᠠᠬ᠎ᠠ ᠨᠠᠷ ᠤ᠋ᠨ ᠶᠡᠬᠡ ᠰᠡᠳᠬᠢᠯ ᠥᠷᠥᠰᠢᠶᠡᠨ ᠪᠣᠢ ᠪᠢᠵᠡ ᠠ᠋᠃ ᠡᠴᠢᠭᠡ ᠮᠢᠨᠢ ᠲᠠ ᠠᠭᠤᠤ ᠡᠵᠡᠨ᠂ ᠠᠪᠤᠷᠠᠨ ᠥᠷᠥᠰᠢᠶᠡᠭᠴᠢ᠂ ᠠᠶᠤᠮᠰᠢᠭ ᠦᠭᠡᠢ ᠵᠣᠷᠢᠭᠲᠠᠨ᠂ ᠠᠷᠢᠭᠤᠨ ᠤᠬᠠᠭᠠᠨᠲᠠᠨ ᠪᠠᠢᠭᠰᠠᠨ ᠪᠢᠯᠡ᠃ ᠲᠥᠷᠥᠭᠦᠯᠦᠭᠰᠡᠨ ᠳᠥᠷᠪᠡᠨ ᠬᠥᠪᠡᠭᠦᠳ ᠡᠴᠡ ᠪᠡᠨ ᠬᠦᠦ ᠨᠠᠮᠠᠶ᠋ᠢ ᠰᠣᠩᠭᠣᠵᠤ ᠬᠠᠭᠠᠨ ᠣᠷᠣ ᠰᠠᠭᠤᠯᠭᠠᠬᠤ ᠭᠡᠰᠡᠨ ᠰᠠᠨᠠᠭ᠎ᠠ ᠶ᠋ᠢ ᠴᠢᠨᠢ ᠤᠬᠠᠵᠤ ᠦᠯᠦ ᠲᠠᠢᠯᠪᠠᠴᠤ᠂ ᠬᠢᠴᠢᠶᠡᠵᠦ ᠪᠢ ᠲᠥᠷᠥ ᠶ᠋ᠢ ᠵᠠᠰᠠᠶ᠎ᠠ᠃ ᠬᠠᠭᠠᠨ ᠡᠴᠢᠭᠡ ᠶ᠋ᠢᠨ ᠠᠷᠢᠭᠤᠨ ᠰᠦᠯᠳᠡ ᠥᠷᠥᠰᠢᠶᠡᠨ ᠰᠣᠶᠣᠷᠬᠠᠨ᠎ᠠ ᠤᠤ ᠬᠡᠮᠡᠭᠡᠳ ᠶᠣᠰᠣᠯᠠᠯ ᠦᠢᠯᠡᠳᠴᠦ ᠳᠠᠭᠤᠰᠤᠭᠰᠠᠨ ᠢ᠋ ᠢᠯᠡᠳᠬᠡᠨ ᠰᠥᠬᠥᠷᠡᠨ ᠰᠠᠭᠤᠭᠰᠠᠨ ᠰᠠᠭᠤᠳᠠᠯ ᠠ᠋ᠴᠠ ᠪᠠᠨ ᠥᠨᠳᠡᠢᠯ᠎ᠡ᠃ ᠥᠭᠡᠳᠡᠢ ᠣᠩᠭᠣᠨ ᠰᠢᠲᠦᠭᠡᠨ ᠦ᠌ ᠰᠦᠮ᠎ᠡ ᠶ᠋ᠢᠨ ᠬᠠᠭᠠᠯᠭ᠎ᠠ ᠪᠠᠷ ᠶᠠᠪᠤᠵᠤ ᠭᠠᠷᠬᠤ ᠵᠠᠭᠤᠷ᠎ᠠ ᠰᠤᠷᠬᠠᠭᠲᠠᠨᠢ ᠬᠠᠲᠤᠨ ᠳ᠋ᠤ᠌ ᠬᠠᠨᠳᠤᠨ᠄
— ᠡᠴᠢᠭᠡ ᠶ᠋ᠢᠨ ᠮᠢᠨᠢ ᠰᠢᠲᠦᠭᠡᠨ ᠪᠣᠰᠬᠠᠵᠤ᠂ ᠬᠠᠷᠠᠵᠤ ᠪᠠᠢᠭ᠎ᠠ ᠳ᠋ᠤ᠌ ᠴᠢᠨᠢ ᠬᠠᠭᠠᠨ ᠬᠥᠪᠡᠭᠦᠳ ᠪᠢᠳᠡ ᠪᠦᠭᠦᠳᠡ ᠢᠯᠭᠠᠭ᠎ᠠ ᠦᠭᠡᠢ ᠪᠠᠶᠠᠷᠯᠠᠨ ᠶᠠᠪᠤᠳᠠᠭ᠃ ᠠᠪᠤ ᠮᠢᠨᠢ ᠰᠤᠷᠬᠠᠭᠲᠠᠨᠢ ᠴᠢᠮᠠᠶ᠋ᠢ ᠥᠪᠡᠷ ᠦ᠋ᠨ ᠪᠣᠱᠣᠭ᠎ᠠ ᠪᠠᠷ ᠠᠯᠬᠤᠨ ᠣᠷᠣᠵᠤ ᠢᠷᠡᠭᠰᠡᠨ ᠴᠠᠭ ᠠ᠋ᠴᠠ ᠴᠢᠨᠢ ᠯᠡ ᠲᠠᠨᠢᠭᠰᠠᠨ ᠭᠡᠳᠡᠭ ᠨᠢ ᠯᠠᠪᠲᠠᠢ ᠶ᠋ᠢ ᠣᠳᠣ ᠪᠢ ᠤᠬᠠᠭᠠᠷᠠᠵᠤ ᠪᠠᠢᠨ᠎ᠠ ᠭᠡᠪᠡ᠃
ᠰᠢᠲᠦᠭᠡᠨ ᠦ᠌ ᠬᠠᠭᠠᠯᠭᠠᠨ ᠤ᠋ ᠭᠠᠳᠠᠨ᠎ᠠ ᠡᠩᠨᠡᠨ ᠵᠣᠭᠰᠣᠬᠤ ᠬᠡᠰᠢᠭᠲᠡᠨ ᠴᠡᠷᠢᠭ ᠦ᠋ᠳ ᠦ᠋ᠨ ᠡᠮᠦᠨ᠎ᠡ ᠥᠭᠡᠳᠡᠢ᠂ ᠲᠤᠯᠤᠢ ᠡᠵᠡᠨ᠂ ᠰᠤᠷᠬᠠᠭᠲᠠᠨᠢ ᠭᠤᠷᠪᠠ ᠶᠠᠷᠢᠯᠴᠠᠨ ᠵᠣᠭᠰᠣᠨ᠎ᠠ᠃ ᠰᠤᠷᠬᠠᠭᠲᠠᠨᠢ ᠬᠠᠲᠤᠨ ᠥᠭᠡᠳᠡᠢ ᠳ᠋ᠦ᠍ ᠬᠠᠨᠳᠤᠨ᠄
— ᠲᠠ ᠰᠠᠶᠢ ᠬᠠᠭᠠᠨ ᠡᠴᠢᠭᠡ ᠶ᠋ᠢᠨ ᠢ᠋ᠶ᠋ᠡᠨ ᠣᠩᠭᠣᠨ ᠰᠢᠲᠦᠭᠡᠨ ᠦ᠌ ᠡᠮᠦᠨ᠎ᠡ《ᠡᠴᠢᠭᠡ ᠮᠢᠨᠢ ᠲᠠ ᠠᠭᠤᠤ ᠡᠵᠡᠨ᠂ ᠠᠪᠤᠷᠠᠨ ᠥᠷᠥᠰᠢᠶᠡᠭᠴᠢ ᠪᠢᠯᠡ》 ᠭᠡᠵᠦ ᠬᠡᠯᠡᠬᠦ ᠶ᠋ᠢ ᠲᠠᠨᠢ ᠰᠣᠨᠣᠰᠴᠤ ᠰᠠᠭᠤᠯ᠎ᠠ᠃ ᠠᠭᠤᠤ ᠬᠦᠴᠦᠨ ᠳ᠋ᠦ᠍ ᠠᠪᠤᠷᠠᠨ ᠥᠷᠥᠰᠢᠶᠡᠬᠦ ᠴᠢᠨᠠᠷ ᠪᠠᠢᠬᠤ ᠠᠪᠠᠰᠤ ᠬᠥᠮᠦᠨ ᠠᠷᠠᠳ ᠨᠢ ᠠᠮᠤᠭᠤᠯᠠᠩ᠂ ᠬᠦᠰᠡᠯ ᠵᠣᠷᠢᠯᠭ᠎ᠠ ᠨᠢ ᠲᠣᠳᠣᠷᠬᠠᠢ ᠪᠠᠢᠬᠤ ᠤᠴᠢᠷ ᠲᠠᠢ ᠲᠤᠯᠠ ᠮᠠᠷᠭᠠᠰᠢ ᠪᠣᠯᠬᠤ ᠶᠡᠬᠡ ᠬᠤᠷᠠᠯᠲᠠᠢ ᠳ᠋ᠤ᠌ ᠲᠠᠨᠢ ᠨᠢᠭᠡᠨ ᠰᠠᠨᠠᠯ ᠡᠷᠭᠦᠬᠦ ᠭᠡᠰᠡᠨ ᠶᠦᠮ ᠬᠡᠮᠡᠪᠡ᠃
ᠥᠭᠡᠳᠡᠢ ᠰᠤᠷᠬᠠᠭᠲᠠᠨᠢ ᠶ᠋ᠢ ᠴᠡᠴᠡᠨ ᠪᠢᠯᠢᠭ ᠤᠬᠠᠭᠠᠨ ᠲᠠᠢ᠂ ᠴᠢᠩᠭᠢᠰ ᠬᠠᠭᠠᠨ ᠡᠴᠢᠭᠡ ᠶ᠋ᠢᠨ ᠬᠢᠨᠢ ᠦᠶ᠎ᠡ ᠳ᠋ᠦ᠍ ᠯᠡ ᠡᠰᠢ ᠬᠠᠲᠤᠨ ᠡᠷᠭᠦᠮᠵᠢᠯᠡᠭᠳᠡᠵᠦ ᠪᠠᠢᠭᠰᠠᠨ ᠢ᠋ ᠮᠡᠳᠡᠬᠦ ᠲᠤᠯᠠ ᠲᠡᠭᠦᠨ ᠦ᠌ ᠦᠭᠡ ᠶ᠋ᠢ ᠴᠢᠬᠤᠯᠠᠴᠢᠯᠠᠨ ᠰᠣᠨᠣᠰᠴᠤ ᠪᠣᠢ ᠪᠠᠨ ᠢᠯᠡᠳᠬᠡᠵᠦ᠄
— ᠴᠡᠴᠡᠨ ᠪᠡᠷᠢ ᠶᠠᠭᠤ ᠥᠭᠦᠯᠡᠬᠦ ᠬᠦᠰᠡᠯ ᠲᠡᠢ ᠪᠠᠢᠨ᠎ᠠ ᠭᠡᠬᠦ ᠳ᠋ᠦ᠍ ᠰᠤᠷᠬᠠᠭᠲᠠᠨᠢ᠄
—ᠥᠭᠡᠳᠡᠢ ᠡᠵᠡᠨ ᠢ᠋ ᠪᠢ ᠡᠴᠢᠭᠡ ᠬᠠᠭᠠᠨ ᠰᠢᠬ ᠢ᠋ᠶ᠋ᠡᠨ ᠠᠭᠤᠤ ᠬᠦᠴᠦᠨ ᠲᠡᠭᠦᠯᠳᠡᠷ ᠬᠠᠭᠠᠨ ᠪᠠᠢᠬᠤ ᠠ᠋ᠴᠠ ᠭᠠᠳᠠᠨ᠎ᠠ ᠠᠪᠤᠷᠠᠨ ᠥᠷᠥᠰᠢᠶᠡᠭᠴᠢ ᠬᠠᠭᠠᠨ ᠪᠠᠢᠭᠠᠰᠠᠢ ᠭᠡᠵᠦ ᠪᠣᠳᠣᠨ᠎ᠠ᠃
ᠲᠡᠢᠮᠦ ᠶ᠋ᠢᠨ ᠲᠤᠯᠠ ᠮᠠᠷᠭᠠᠰᠢ ᠪᠣᠯᠬᠤ ᠶᠡᠬᠡ ᠬᠤᠷᠠᠯᠳᠠᠢ ᠳ᠋ᠤ᠌ ᠬᠠᠭᠠᠨ ᠡᠵᠡᠨ ᠦ᠌ ᠬᠤᠪᠢ ᠪᠠᠷ ᠠᠪᠤᠷᠠᠨ ᠥᠷᠥᠰᠢᠶᠡᠭᠴᠢ ᠴᠢᠨᠠᠷ ᠢ᠋ᠶ᠋ᠠᠨ ᠬᠠᠷᠠᠭᠤᠯᠤᠭᠠᠰᠠᠢ ᠭᠡᠮᠡᠨ ᠬᠦᠰᠡᠨ᠎ᠡ ᠭᠡᠯᠡ᠃
ᠥᠭᠡᠳᠡᠢ ᠰᠤᠷᠬᠠᠭᠲᠠᠨᠢ ᠶ᠋ᠢᠨ ᠦᠭᠡ ᠶ᠋ᠢ ᠢᠯᠡᠳᠲᠡ ᠰᠠᠢᠰᠢᠶᠠᠭᠰᠠᠨ ᠶᠠᠩᠵᠤ ᠲᠠᠢ ᠨᠢᠭᠡ ᠶ᠋ᠢ ᠪᠣᠳᠣᠪᠠ ᠪᠣᠯᠤᠯᠲᠠᠢ᠄
—ᠪᠡᠷᠢ ᠮᠢᠨᠢ ᠴᠡᠴᠡᠨ ᠪᠢᠯᠢᠭ ᠲᠡᠢ ᠪᠤᠶᠤ᠂ ᠪᠣᠯᠲᠤᠭᠠᠢ ᠪᠣᠯᠲᠤᠭᠠᠢ ᠬᠡᠮᠡᠭᠡᠳ ᠲᠤᠯᠤᠢ ᠳ᠋ᠤ᠌ ᠬᠠᠨᠳᠤᠵᠤ᠄
—ᠮᠠᠷᠠᠭᠠᠰᠢ ᠪᠣᠯᠬᠤ ᠶᠡᠬᠡ ᠬᠤᠷᠠᠯᠳᠠᠢ ᠪᠠᠷ ᠤᠷᠢᠳ ᠡᠮᠦᠨ᠎ᠡ ᠶᠠᠯ᠎ᠠ ᠠᠪᠤᠨ ᠭᠢᠨᠳᠠᠨ ᠳ᠋ᠤ᠌ ᠬᠣᠷᠢᠭᠳᠠᠵᠤ ᠪᠣᠢ ᠬᠥᠮᠦᠰ ᠲᠦ᠍ ᠥᠷᠥᠰᠢᠶᠡᠯ ᠦᠵᠡᠭᠦᠯᠦᠶ᠎ᠡ᠂ ᠮᠢᠨᠦ ᠬᠠᠭᠠᠨ ᠪᠣᠯᠬᠤ ᠠᠩᠬᠠᠨ ᠤ᠋ ᠡᠳᠦᠷ ᠥᠷᠥᠰᠢᠶᠡᠯ ᠢ᠋ᠶ᠋ᠡᠷ ᠡᠬᠢᠯᠡᠭ ᠬᠡᠮᠡᠯ᠎ᠡ᠃
ᠰᠤᠷᠬᠠᠭᠲᠠᠨᠢ ᠬᠠᠲᠤᠨ ᠬᠦᠰᠡᠵᠦ ᠪᠠᠢᠭᠰᠠᠨ ᠦᠭᠡ ᠪᠡᠨ ᠰᠣᠨᠣᠰᠪᠠ ᠪᠣᠯᠤᠯᠲᠠᠢ᠂ ᠴᠢᠷᠠᠢ ᠳ᠋ᠤᠨᠢ ᠪᠠᠶᠠᠷ ᠲᠣᠳᠣᠷᠠᠭᠠᠳ ᠢᠷᠡᠬᠦ ᠳ᠋ᠦ᠍ ᠲᠤᠯᠤᠢ ᠡᠵᠡᠨ ᠬᠠᠲᠤᠨ ᠢ᠋ᠶ᠋ᠠᠷ ᠢ᠋ᠶ᠋ᠠᠨ ᠪᠠᠬᠠᠷᠬᠠᠨ ᠪᠣᠢ ᠪᠠᠨ ᠢᠯᠡᠷᠬᠡᠢᠯᠡᠵᠦ᠂ ᠨᠢᠳᠦ ᠪᠡᠷ ᠢ᠋ᠶ᠋ᠡᠨ ᠢᠨᠢᠶᠡᠮᠰᠦᠭᠯᠡᠭᠡᠳ᠂ ᠲᠠᠯ᠎ᠠ ᠶ᠋ᠢᠨ ᠮᠣᠩᠭᠣᠯ ᠬᠥᠮᠦᠨ ᠦ ᠶᠣᠰᠣ ᠪᠠᠷ ᠲᠡᠭᠦᠨ ᠢ᠋ ᠪᠡᠨ ᠢᠯᠡᠳᠲᠡ ᠠᠮᠠᠨ ᠳᠡᠭᠡᠷ᠎ᠡ ᠪᠡᠨ ᠭᠠᠷᠭᠠᠨ ᠬᠡᠯᠡᠯ ᠦᠭᠡᠢ ᠥᠩᠭᠡᠷᠡᠯ᠎ᠡ᠃
ᠲᠠᠯ᠎ᠠ ᠨᠤᠲᠤᠭ ᠤ᠋ᠨ ᠡᠭᠡᠯᠢ ᠳᠤᠯᠠᠭᠠᠨ ᠥᠯᠥᠭᠡᠢ᠂ ᠶᠡᠬᠡ ᠡᠵᠡᠨ ᠬᠠᠭᠠᠨ ᠤ᠋ ᠲᠥᠷᠥᠭᠰᠡᠨ ᠨᠤᠲᠤᠭ᠂ ᠭᠤᠷᠪᠠᠨ ᠭᠣᠣᠯ ᠤ᠋ᠨ ᠰᠠᠪᠠ ᠳᠠᠬᠢ ᠬᠡᠷᠦᠯᠦᠨ ᠬᠥᠳᠡᠭᠡ ᠠᠷᠠᠯ ᠳ᠋ᠤ᠌ ᠤᠳᠠᠲᠠᠯ᠎ᠠ ᠬᠦᠯᠢᠶᠡᠯᠭᠡᠭᠰᠡᠨ ᠶᠡᠬᠡ ᠬᠤᠷᠠᠯᠲᠠᠢ ᠴᠤᠭᠯᠠᠬᠤ ᠳ᠋ᠤ᠌ ᠪᠡᠯᠡᠨ ᠪᠣᠯᠵᠠᠢ᠃ ᠶᠡᠬᠡ ᠡᠵᠡᠨ ᠬᠠᠭᠠᠨ ᠤ᠋ ᠠᠮᠢᠳᠤ ᠰᠡᠷᠡᠭᠦᠨ ᠠᠬᠤᠢ ᠳ᠋ᠠᠭᠠᠨ ᠬᠡᠯᠡᠵᠦ ᠪᠠᠶ᠋ᠢᠬᠰᠠᠨᠴᠢᠯᠠᠨ ᠲᠡᠭᠦᠨ ᠦ᠌ ᠭᠤᠷᠪᠠᠳᠤᠭᠠᠷ ᠬᠦᠦ ᠥᠭᠡᠳᠡᠢ ᠶ᠋ᠢ ᠬᠠᠭᠠᠨ ᠰᠢᠷᠡᠭᠡᠨ ᠳ᠋ᠦ᠍ ᠰᠠᠭᠤᠯᠭᠠᠬᠤ ᠡᠷᠬᠢᠮ ᠶᠣᠰᠣᠯᠠᠯ ᠪᠣᠯᠬᠤ ᠭᠡᠵᠦ ᠪᠣᠢ ᠡᠨᠡ ᠭᠠᠵᠠᠷ ᠲᠤ ᠬᠥᠯ ᠬᠥᠳᠡᠯᠭᠡᠭᠡᠨ ᠶᠡᠬᠡ ᠲᠡᠢ ᠬᠠᠷᠠᠭᠳᠠᠨ᠎ᠠ᠃ ᠶᠡᠬᠡ ᠴᠡᠷᠢᠭ ᠦ᠋ᠳ ᠬᠠᠮᠢᠭᠠᠰᠢ ᠬᠠᠮᠢᠭᠠᠰᠢ ᠪᠦᠲᠦᠨ ᠡᠳᠦᠷ ᠦ᠋ᠨ ᠵᠠᠢ ᠳ᠋ᠤ᠌ ᠬᠠᠷᠠᠭᠤᠯ ᠳ᠋ᠤ᠌ ᠭᠠᠷᠴᠠᠢ᠃ ᠵᠠᠬ᠎ᠠ ᠬᠢᠵᠠᠭᠠᠷ ᠨᠢ ᠦᠯᠦ ᠬᠠᠷᠠᠭᠳᠠᠬᠤ ᠡᠷᠭᠢᠨ ᠲᠣᠭᠣᠷᠢᠨ ᠨᠢ ᠬᠠᠮᠠᠭᠠᠯᠠᠯᠲᠠ ᠪᠦᠬᠦᠢ ᠬᠥᠳᠡᠭᠡ ᠠᠷᠠᠯ ᠤ᠋ᠨ ᠳᠡᠨᠵᠢᠨ ᠳᠡᠭᠡᠷ᠎ᠡ ᠵᠤᠨ ᠤ᠋ ᠳᠡᠯᠭᠡᠷ ᠴᠠᠭ ᠲᠤ ᠠᠢᠯ ᠤ᠋ᠨ ᠪᠠᠭᠤᠷᠢᠨ ᠳᠡᠭᠡᠷ᠎ᠡ ᠮᠥᠭᠥ ᠶ᠋ᠢᠨ ᠬᠦᠷᠢᠶ᠎ᠡ ᠲᠡᠳᠡᠨ ᠪᠠᠢᠳᠠᠭ ᠰᠢᠭ᠋ ᠢᠰᠡᠭᠡᠢ ᠴᠠᠭᠠᠨ ᠭᠡᠷ ᠦ᠋ᠳ ᠰᠢᠬᠦᠷᠯᠡᠨ ᠪᠠᠭᠤᠵᠠᠢ᠃ ᠵᠠᠬ᠎ᠠ ᠶ᠋ᠢᠨ ᠭᠡᠷ ᠦ᠋ᠳ ᠲᠦ᠍ ᠶᠡᠬᠡᠩᠬᠢ ᠳ᠋ᠡᠭᠡᠨ ᠨᠠᠢᠷ ᠴᠡᠩᠭᠡᠯ ᠦ᠋ᠨ ᠪᠡᠯᠡᠳᠬᠡᠯ ᠢᠳᠡᠭᠡ ᠴᠠᠭ᠎ᠠ ᠬᠣᠭᠣᠯᠠ ᠤᠮᠳᠠ ᠵᠡᠬᠡᠬᠦ ᠠᠷᠠᠳ ᠤ᠋ᠳ ᠭᠣᠣᠯᠳᠠᠭᠤ ᠬᠥᠮᠦᠰ ᠬᠥᠯᠬᠢᠨ ᠳᠣᠣᠷ᠎ᠠ ᠪᠦᠷᠢᠨ᠎ᠡ ᠰᠢᠭᠤᠷᠬᠠᠢᠯᠠᠨ ᠪᠠᠢᠬᠤ ᠳ᠋ᠤ᠌᠂ ᠳᠠᠷᠠᠭ᠎ᠠ ᠶ᠋ᠢᠨ ᠲᠣᠭᠣᠷᠢᠭ ᠲᠤ ᠬᠡᠪᠲᠡᠭᠦᠯ ᠦ᠋ᠳ ᠪᠣᠯᠤᠨ ᠬᠡᠰᠢᠭᠲᠡᠨ ᠴᠡᠷᠢᠭ ᠦ᠋ᠳ ᠪᠦᠬᠦᠢ ᠬᠠᠮᠠᠭᠠᠯᠠᠯᠲᠠ ᠶ᠋ᠢᠨ ᠭᠡᠷ ᠦ᠋ᠳ ᠪᠣᠰᠴᠠᠢ᠃ ᠲᠡᠭᠦᠨ ᠦ᠌ ᠳᠣᠲᠣᠷ᠎ᠠ ᠭᠠᠳᠠᠨ᠎ᠠ ᠳᠣᠲᠣᠨ᠎ᠠ ᠶ᠋ᠢᠨ ᠡᠯᠴᠢ ᠲᠥᠯᠥᠭᠡᠯᠡᠭᠴᠢᠳ ᠬᠦᠯᠢᠶᠡᠨ ᠠᠪᠬᠤ ᠳ᠋ᠤ᠌ ᠵᠣᠷᠢᠭᠤᠯᠤᠭᠳᠠᠭᠰᠠᠨ ᠭᠡᠷ ᠦ᠋ᠳ ᠢᠷᠠᠢᠨ᠂ ᠳᠣᠲᠣᠷ᠎ᠠ ᠲᠠᠯ᠎ᠠ ᠶ᠋ᠢᠨ ᠭᠡᠷ ᠦ᠋ᠳ ᠲᠦ᠍ ᠮᠢᠩᠭᠠᠲᠤ᠂ ᠲᠦᠮᠡᠲᠦ ᠶ᠋ᠢᠨ ᠨᠣᠶᠠᠳ᠂ ᠰᠠᠢᠳ ᠲᠦᠰᠢᠮᠡᠳ᠂ ᠠᠯᠲᠠᠨ ᠤᠷᠤᠭ ᠤ᠋ᠨ ᠬᠢᠨ ᠪᠠᠢᠷᠢᠯᠠᠵᠠᠢ᠃ ᠶᠡᠬᠡ ᠬᠦᠷᠢᠶᠡᠨ ᠦ᠌ ᠭᠣᠣᠯ ᠳ᠋ᠤᠨᠢ ᠲᠩᠷᠢ ᠪᠠᠭᠠᠨᠠᠳᠠᠭᠰᠠᠨ ᠲᠣᠮᠣ ᠴᠠᠭᠠᠨ ᠠᠰᠠᠷ ᠰᠦᠨᠳᠡᠷᠯᠡᠨ ᠬᠠᠷᠠᠭᠳᠠᠨ᠎ᠠ᠃ ᠲᠠᠯ᠎ᠠ ᠨᠤᠲᠤᠭ ᠤ᠋ᠨ ᠬᠦᠴᠦᠷᠬᠡᠭ ᠡᠵᠡᠨ ᠬᠠᠭᠠᠨ ᠢ᠋ ᠰᠢᠷᠡᠭᠡᠨ ᠳ᠋ᠦ᠍ᠨᠢ ᠵᠠᠯᠠᠬᠤ ᠡᠷᠬᠢᠮ ᠶᠣᠰᠣᠯᠠᠯ ᠪᠣᠯᠬᠤ ᠡᠨᠡ ᠠᠰᠠᠷ ᠤ᠋ᠨ ᠳᠣᠣᠷ᠎ᠠ ᠣᠯᠠᠨ ᠬᠥᠮᠦᠨ ᠴᠤᠭᠯᠠᠭᠰᠠᠨ ᠪᠠᠢᠯ᠎ᠠ᠃ ᠬᠤᠷᠠᠯᠳᠠᠢ ᠳ᠋ᠤ᠌ ᠬᠠᠭᠠᠨ ᠤ᠋ ᠤᠳᠠᠭᠠᠬᠢ ᠬᠦᠦ ᠴᠠᠭᠠᠲᠠᠢ ᠪᠣᠯᠤᠨ ᠲᠡᠭᠦᠨ ᠦ᠌ ᠬᠦᠦ ᠪᠦᠷᠭᠢ᠂ ᠵᠥᠴᠢ ᠶ᠋ᠢᠨ ᠲᠣᠮᠣ ᠬᠦᠦ ᠪᠠᠲᠤ ᠲᠡᠷᠢᠭᠦᠲᠡᠢ ᠪᠠᠷᠠᠭᠤᠨ ᠭᠠᠷ ᠤ᠋ᠨ ᠬᠥᠪᠡᠭᠦᠳ᠂ ᠬᠠᠭᠠᠨ ᠤ᠋ ᠪᠠᠭ᠎ᠠ ᠳᠡᠭᠦᠦ ᠤᠳᠴᠢᠬᠢᠨ ᠨᠣᠶᠠᠨ᠂ ᠶᠢᠬᠦ᠂ ᠶᠢᠰᠦᠩᠬᠡ ᠲᠡᠷᠢᠭᠦᠲᠡᠢ ᠵᠡᠭᠦᠨ ᠭᠠᠷ ᠤ᠋ᠨ ᠬᠥᠪᠡᠭᠦᠳ᠂ ᠲᠤᠯᠤᠢ᠂ ᠮᠥᠩᠬᠡ ᠲᠡᠷᠢᠭᠦᠲᠡᠢ ᠭᠣᠣᠯ ᠤ᠋ᠨ ᠬᠥᠪᠡᠭᠦᠳ ᠥᠬᠢᠳ᠂ ᠬᠦᠷᠭᠡᠳ᠂ ᠲᠦᠮᠡᠲᠦ ᠪᠣᠯᠤᠨ ᠮᠢᠩᠭᠠᠲᠤ ᠶ᠋ᠢᠨ ᠨᠣᠶᠠᠳ ᠪᠠᠢᠷᠢ ᠪᠠᠨ ᠡᠵᠡᠯᠡᠨ ᠬᠠᠷᠠᠭᠳᠠᠨ᠎ᠠ᠃ ᠣᠯᠠᠨ ᠤ᠋ ᠴᠢᠮᠡᠭᠡᠨ ᠡᠴᠡ ᠣᠨᠴᠠᠭᠠᠢᠯᠠᠨ ᠰᠣᠨᠣᠰᠳᠠᠬᠤ ᠪᠦᠷᠢᠶ᠎ᠡ ᠬᠡᠩᠭᠡᠷᠭᠡ ᠶ᠋ᠢᠨ ᠳᠠᠭᠤ ᠳᠠᠭᠤᠷᠢᠰᠴᠤ ᠶᠡᠬᠡ ᠶᠣᠰᠣᠯᠠᠯ ᠡᠬᠢᠯᠡᠯ᠎ᠡ᠃ ᠠᠰᠠᠷ ᠤ᠋ᠨ ᠡᠮᠦᠨᠡᠭᠦᠷ ᠵᠠᠰᠠᠭᠰᠠᠨ ᠴᠠᠭᠠᠨ ᠢᠰᠡᠭᠡᠢ ᠳᠡᠭᠡᠭᠦᠷ ᠠᠯᠬᠤᠬᠤ ᠥᠭᠡᠳᠡᠢ ᠶ᠋ᠢᠨ ᠪᠠᠷᠠᠭᠤᠨ ᠲᠠᠯ᠎ᠠ ᠳ᠋ᠤ᠌ ᠴᠠᠭᠠᠲᠠᠢ᠂ ᠵᠡᠭᠦᠨ ᠲᠠᠯ᠎ᠠ ᠳ᠋ᠤ᠌ ᠲᠤᠯᠤᠢ᠂ ᠠᠷᠤ ᠲᠠᠯ᠎ᠠ ᠳ᠋ᠤ᠌ ᠤᠳᠴᠢᠬᠢᠨ ᠨᠣᠶᠠᠨ ᠶᠠᠪᠤᠬᠤ ᠠᠭᠠᠳ ᠲᠡᠳᠡᠨ ᠦ᠌ ᠠᠷᠤ ᠠ᠋ᠴᠠ ᠲᠥᠷᠥ ᠶ᠋ᠢᠨ ᠰᠠᠢᠳ ᠲᠦᠰᠢᠮᠡᠳ ᠳᠠᠭᠠᠯᠳᠤᠵᠠᠢ᠃ ᠬᠠᠲᠤᠳ ᠲᠡᠳᠡᠨ ᠦ᠌ ᠵᠠᠮ ᠢ᠋ ᠲᠣᠰᠣᠨ᠂ ᠳᠡᠯᠭᠡᠭᠰᠡᠨ ᠴᠠᠭᠠᠨ ᠢᠰᠡᠭᠡᠢ ᠳᠡᠭᠡᠭᠦᠷ ᠰᠦ ᠳᠤᠰᠤᠭᠠᠨ ᠤᠭᠲᠤᠯ᠎ᠠ᠃ ᠲᠡᠳᠡ ᠶᠠᠪᠤᠭᠰᠠᠭᠠᠷ ᠠᠰᠠᠷ ᠤ᠋ᠨ ᠭᠣᠣᠯ ᠳ᠋ᠤ᠌ ᠢᠷᠡᠬᠦ ᠳ᠋ᠦ᠍ ᠪᠠᠷᠠᠭᠤᠨ ᠲᠠᠯ᠎ᠠ ᠠ᠋ᠴᠠ ᠴᠠᠭᠠᠲᠠᠢ᠂ ᠵᠡᠭᠦᠨ ᠲᠠᠯ᠎ᠠ ᠠ᠋ᠴᠠ ᠲᠤᠯᠤᠢ᠂ ᠠᠷᠤ ᠲᠠᠯ᠎ᠠ ᠠ᠋ᠴᠠ ᠤᠳᠴᠢᠬᠢᠨ ᠨᠣᠶᠠᠨ ᠳᠥᠰᠢᠨ ᠶᠠᠪᠤᠵᠤ ᠥᠭᠡᠳᠡᠢ ᠶ᠋ᠢ ᠬᠠᠭᠠᠨ ᠡᠵᠡᠨ ᠦ᠌ ᠥᠨᠳᠥᠷ ᠰᠡᠨᠳᠡᠢ ᠳ᠋ᠦ᠍ ᠵᠠᠯᠠᠬᠤ ᠶᠡᠬᠡ ᠶᠣᠰᠣ ᠶ᠋ᠢ ᠦᠢᠯᠡᠳᠦᠯ᠎ᠡ᠃ ᠲᠡᠳᠡ ᠥᠭᠡᠳᠡᠢ ᠬᠠᠭᠠᠨ ᠢ᠋ ᠰᠡᠨᠳᠡᠢ ᠳ᠋ᠦ᠍ᠨᠢ ᠵᠠᠯᠠᠭᠰᠠᠨ ᠤ᠋ ᠳᠠᠷᠠᠭ᠎ᠠ ᠬᠥᠮᠦᠨ ᠪᠦᠷᠢ ᠪᠦᠰᠡ ᠪᠡᠨ ᠲᠠᠢᠯᠤᠨ ᠬᠦᠵᠦᠭᠦᠨ ᠳ᠋ᠡᠭᠡᠨ ᠲᠣᠬᠣᠵᠤ ᠭᠤᠷᠪᠠᠨ ᠭᠤᠷᠪᠠ ᠶ᠋ᠢᠨ ᠶᠢᠰᠦᠨ ᠤᠳᠠᠭ᠎ᠠ ᠰᠥᠭᠥᠳᠦᠨ ᠵᠠᠯᠪᠠᠷᠢᠯ᠎ᠠ᠃
— ᠶᠡᠬᠡ ᠮᠣᠩᠭᠣᠯ ᠤ᠋ᠨ ᠤᠯᠤᠰ ᠤ᠋ᠨ ᠡᠵᠡᠨ ᠬᠠᠭᠠᠨ ᠵᠠᠯᠠᠷᠠᠯ᠎ᠠ ᠭᠡᠬᠦ ᠳᠠᠭᠤ ᠠᠰᠠᠷ ᠤ᠋ᠨ ᠭᠣᠣᠯ ᠠ᠋ᠴᠠ ᠳᠠᠭᠤᠷᠢᠰᠤᠨ ᠬᠤᠷᠠᠭᠰᠠᠨ ᠣᠯᠠᠨ ᠴᠤᠭᠭᠠᠷ ᠤᠤᠬᠠᠢ ᠨᠡᠮᠡᠯ᠎ᠡ᠃ ᠶᠡᠬᠡ ᠶᠣᠰᠣᠯᠠᠯ ᠦᠷᠭᠦᠯᠵᠢᠯᠡᠵᠦ᠂ ᠨᠠᠢᠷ ᠴᠡᠩᠭᠡᠯ ᠡᠬᠢᠯᠡᠨ ᠪᠠᠢᠬᠤ ᠳ᠋ᠤ᠌ ᠠᠯᠲᠠᠨ ᠤᠷᠤᠭ ᠤ᠋ᠨ ᠬᠢᠨ ᠦ᠌ ᠳᠤᠮᠳᠠ ᠠ᠋ᠴᠠ ᠴᠠᠭᠠᠲᠠᠢ ᠪᠣᠰᠴᠤ᠂
—ᠳᠡᠭᠦᠦ ᠶᠦ᠍ᠭᠡᠨ ᠬᠠᠭᠠᠨ ᠡᠷᠭᠦᠵᠦ᠂ ᠲᠩᠷᠢ ᠶ᠋ᠢᠨ ᠲᠠᠭᠠᠯᠠᠯ ᠢ᠋ ᠪᠡᠶᠡᠯᠡᠭᠦᠯᠦᠯ᠎ᠡ᠃ ᠶᠡᠬᠡ ᠡᠵᠡᠨ ᠬᠠᠭᠠᠨ ᠡᠴᠢᠭᠡ ᠶ᠋ᠢᠨ ᠮᠢᠨᠢ ᠠᠯᠲᠠᠨ ᠠᠮᠢ ᠶ᠋ᠢ ᠰᠠᠬᠢᠨ ᠪᠠᠢᠭᠰᠠᠨ ᠬᠡᠪᠲᠡᠭᠦᠯ ᠬᠣᠷᠴᠢᠨ ᠨᠠᠢ᠍ᠮᠠᠨ ᠮᠢᠩᠭᠠᠲᠤ᠂ ᠬᠠᠭᠠᠨ ᠡᠴᠢᠭᠡ ᠶ᠋ᠢᠨ ᠮᠢᠨᠢ ᠪᠡᠶ᠎ᠡ ᠶ᠋ᠢ ᠰᠠᠬᠢᠨ ᠬᠠᠮᠠᠭᠠᠯᠠᠵᠤ ᠪᠠᠢᠭᠰᠠᠨ ᠲᠦᠮᠡᠨ ᠬᠡᠰᠢᠭᠲᠡᠨ ᠢ᠋ ᠬᠠᠭᠠᠨ ᠳ᠋ᠤ᠌ ᠰᠣᠶᠣᠷᠬᠠᠵᠤ ᠪᠠᠢᠨ᠎ᠠ ᠭᠡᠮᠡᠨ ᠬᠡᠯᠡᠬᠦ ᠳ᠋ᠦ᠍ ᠴᠤᠭᠭᠠᠷ ᠢ᠋ᠶ᠋ᠠᠨ ᠳᠠᠭᠠᠨ ᠤᠤᠬᠠᠢᠯᠠᠯᠠ᠃ ᠴᠠᠭᠠᠲᠠᠢ ᠰᠡᠳᠬᠢᠯ ᠬᠠᠩᠭᠠᠯᠤᠭᠤᠨ ᠪᠠᠢᠭ᠎ᠠ ᠬᠠᠷᠠᠭᠳᠠᠨ᠎ᠠ᠃ ᠡᠳᠦᠭᠡ ᠬᠠᠭᠠᠨ ᠬᠥᠪᠡᠭᠦᠳ ᠦ᠋ᠨ ᠠᠬᠠᠮᠠᠳ ᠨᠢ ᠪᠣᠯᠤᠭᠰᠠᠨ ᠲᠡᠷᠡ ᠪᠡᠷ ᠬᠡᠳᠦᠢᠨ ᠥᠪᠡᠷ ᠦ᠋ᠨ ᠤᠯᠤᠰ ᠢ᠋ᠶ᠋ᠠᠨ ᠪᠠᠢᠭᠤᠯᠵᠤ ᠡᠵᠡᠨ ᠰᠠᠭᠤᠭᠰᠠᠨ ᠪᠠᠢᠪᠠ᠃ ᠴᠠᠭ ᠤ᠋ᠨ ᠠᠶᠠᠰ ᠢ᠋ᠶ᠋ᠠᠷ ᠴᠠᠭᠠᠲᠠᠢ ᠴᠤ ᠮᠥᠨ ᠨᠠᠰᠤ ᠨᠡᠮᠡᠵᠡᠢ᠃ ᠬᠠᠭᠠᠨ ᠠᠪᠤ ᠶ᠋ᠢᠨ ᠢ᠋ᠶ᠋ᠡᠨ ᠰᠢᠷᠠᠪᠲᠤᠷ ᠴᠢᠷᠠᠢ᠂ ᠴᠣᠷᠭᠢᠭᠰᠠᠨ ᠨᠢᠳᠦ ᠶ᠋ᠢ ᠳᠠᠭᠤᠷᠢᠶᠠᠭᠠ ᠦᠭᠡᠢ ᠴᠤ ᠬᠠᠲᠤᠨ ᠡᠬᠡ ᠶ᠋ᠢᠨ ᠢ᠋ᠶ᠋ᠡᠨ ᠤᠬᠠᠭᠠᠯᠢᠭ ᠬᠠᠷᠠᠴᠠ ᠶ᠋ᠢ ᠥᠪᠯᠡᠵᠡᠢ᠃ ᠠᠯᠲᠠᠨ ᠤᠷᠤᠭ ᠤ᠋ᠨ ᠠᠬᠠᠮᠠᠳ ᠬᠦᠦ ᠶ᠋ᠢᠨ ᠬᠤᠪᠢ ᠪᠠᠷ ᠳᠡᠭᠦᠦ ᠲᠤᠯᠤᠢ ᠶ᠋ᠢᠨ ᠬᠠᠮᠲᠤ ᠥᠪᠡᠷ ᠦ᠋ᠨ ᠥᠮᠴᠢ ᠢᠷᠭᠡᠳ ᠡᠴᠡ ᠪᠡᠨ ᠬᠠᠭᠠᠨ ᠡᠵᠡᠨ ᠳ᠋ᠦ᠍ ᠥᠭᠴᠦ ᠠᠯᠳᠠᠷ ᠰᠤᠤ ᠶ᠋ᠢ ᠨᠢ ᠡᠷᠭᠦᠭᠰᠡᠨ ᠲᠡᠷᠡ ᠪᠡᠷ᠂
— ᠡᠴᠢᠭᠡ ᠶ᠋ᠢᠨ ᠵᠠᠬᠢᠶᠠᠰᠤ ᠶ᠋ᠢ ᠪᠡᠶᠡᠯᠡᠭᠦᠯᠪᠡ ᠭᠡᠮᠡᠨ ᠨᠡᠮᠡᠵᠦ ᠬᠡᠯᠡᠯ᠎ᠡ᠃ ᠲᠠᠯ᠎ᠠ ᠨᠤᠲᠤᠭ ᠤ᠋ᠨ ᠬᠦᠴᠦᠷᠬᠡᠭ ᠡᠵᠡᠨᠲᠦ ᠤᠯᠤᠰ ᠤ᠋ᠨ ᠶᠡᠬᠡ ᠬᠠᠭᠠᠨ ᠢ᠋ ᠰᠢᠷᠡᠭᠡᠨ ᠳ᠋ᠦ᠍ᠨᠢ ᠵᠠᠯᠠᠬᠤ ᠡᠨᠡ ᠶᠣᠰᠣᠯᠠᠯ ᠤ᠋ᠨ ᠦᠶ᠎ᠡ ᠪᠡᠷ ᠤᠷᠢᠳᠤ ᠶ᠋ᠢᠨ ᠥᠰᠢᠶᠡᠲᠦ ᠠᠯᠲᠠᠨ ᠤᠯᠤᠰ ᠢ᠋ ᠮᠥᠬᠥᠭᠡᠬᠦ ᠠᠶᠠᠨ ᠲᠡᠢᠨ ᠪᠣᠯᠤᠨ ᠮᠣᠩᠭᠣᠯ ᠤ᠋ᠨ ᠡᠯᠴᠢ ᠶ᠋ᠢ ᠠᠯᠠᠭᠰᠠᠨ ᠶᠠᠯ᠎ᠠ ᠲᠤᠯᠭᠠᠵᠤ ᠭᠠᠤᠯᠢ ᠤᠯᠤᠰ ᠢ᠋ ᠳᠠᠢᠯᠠᠷ᠎ᠠ ᠮᠣᠷᠳᠠᠬᠤ᠂ ᠣᠳᠣ ᠬᠦᠷᠲᠡᠯ᠎ᠡ ᠠᠶᠤᠯ ᠵᠠᠨᠤᠯᠬᠢᠯᠠᠨ ᠪᠣᠢ ᠬᠣᠷᠧᠽᠮ ᠦ᠋ᠨ ᠦᠯᠡᠳᠡᠭᠳᠡᠯ ᠢ᠋ ᠤᠰᠠᠳᠬᠠᠬᠤ᠂ ᠪᠠᠷᠠᠭᠤᠨ ᠲᠠᠯ᠎ᠠ ᠠ᠋ᠴᠠ ᠳᠠᠢᠰᠤᠩᠨᠠᠵᠤ ᠪᠣᠢ ᠺᠢᠫᠴᠠᠺ ᠤ᠋ᠳ ᠢ᠋ ᠨᠣᠮᠳᠬᠤᠬᠠᠬᠤ᠂ ᠶᠡᠬᠡ ᠮᠣᠩᠭᠣᠯ ᠤᠯᠤᠰ ᠤ᠋ᠨ ᠪᠠᠷᠠᠭᠤᠨ ᠲᠠᠯ᠎ᠠ ᠶ᠋ᠢᠨ ᠬᠢᠯᠢ ᠶ᠋ᠢ ᠲᠦᠪᠰᠢᠳᠬᠡᠬᠦ ᠵᠡᠷᠭᠡ ᠣᠯᠠᠨ ᠴᠢᠬᠤᠯᠠ ᠠᠰᠠᠭᠤᠳᠠᠯ ᠢ᠋ ᠬᠡᠯᠡᠯᠴᠡᠭᠰᠡᠨ ᠦ᠌ ᠳᠠᠷᠠᠭ᠎ᠠ᠂ ᠡᠨᠡ ᠶᠡᠬᠡ ᠪᠠᠶᠠᠷ ᠶᠣᠰᠣᠯᠠᠯ ᠲᠣᠬᠢᠶᠠᠯᠳᠤᠭᠤᠯᠤᠨ ᠤᠷᠢᠳᠤ ᠡᠮᠦᠨ᠎ᠡ ᠬᠡᠷᠡᠭ ᠬᠢᠨ ᠰᠢᠢᠳᠬᠡᠭᠳᠡᠵᠦ᠂ ᠶᠠᠯ᠎ᠠ ᠡᠳ᠋ᠯᠡᠭᠰᠡᠨ ᠪᠦᠬᠦ ᠬᠥᠮᠦᠨ ᠢ᠋ ᠥᠷᠥᠰᠢᠶᠡᠭᠰᠡᠨ ᠵᠠᠷᠯᠢᠭ ᠢ᠋ ᠬᠠᠭᠠᠨ ᠡᠵᠡᠨ ᠥᠭᠡᠳᠡᠢ ᠭᠠᠷᠭᠠᠵᠤ᠂ᠰᠤᠷᠬᠠᠭᠲᠠᠨᠢ ᠬᠠᠲᠤᠨ ᠤ᠋ ᠪᠣᠳᠢ ᠰᠡᠳᠬᠢᠯ ᠦ᠋ᠨ ᠬᠦᠰᠡᠯ ᠪᠡᠶᠡᠯᠡᠪᠡ᠃
ᠮᠣᠩᠭᠣᠯ ᠤ᠋ᠨ ᠲᠠᠯ᠎ᠠ ᠳ᠋ᠤ᠌ ᠪᠣᠯᠤᠭᠰᠠᠨ ᠶᠡᠬᠡ ᠬᠤᠷᠠᠯᠳᠠᠢ ᠥᠨᠳᠥᠷᠯᠡᠵᠦ᠂ ᠬᠣᠶᠠᠷ ᠵᠢᠯ ᠦ᠋ᠨ ᠲᠤᠷᠰᠢᠳᠠ ᠡᠵᠡᠨ ᠦᠭᠡᠢ ᠪᠠᠢᠭᠰᠠᠨ ᠤᠯᠤᠰ ᠡᠵᠡᠨ ᠬᠠᠭᠠᠨ ᠢ᠋ᠶ᠋ᠠᠨ ᠳᠠᠬᠢᠨ ᠰᠣᠩᠭᠣᠵᠤ᠂ ᠥᠭᠡᠳᠡᠢ ᠬᠠᠭᠠᠨ ᠠᠩᠬᠠᠨ ᠤ᠋ ᠡᠳᠦᠷ ᠦ᠋ᠨ ᠵᠠᠷᠯᠢᠭ ᠰᠢᠢᠳᠪᠦᠷᠢ ᠪᠡᠨ ᠥᠷᠥᠰᠢᠶᠡᠯ ᠢ᠋ᠶ᠋ᠡᠷ ᠡᠬᠢᠯᠡᠭᠦᠯᠦᠨ ᠶᠡᠬᠡ ᠮᠣᠩᠭᠣᠯ ᠤ᠋ᠨ ᠥᠷᠭᠡᠨ ᠠᠭᠤᠳᠠᠮ ᠭᠠᠵᠠᠷ ᠨᠤᠲᠤᠭ ᠲᠤ ᠡᠵᠡᠨ ᠬᠠᠭᠠᠨ ᠤ᠋ ᠵᠠᠷᠯᠢᠭ ᠰᠢᠢᠳᠪᠦᠷᠢ ᠭᠦᠷᠦᠨ ᠣᠴᠢᠵᠤ᠂ ᠤᠯᠤᠰ ᠭᠦᠷᠦᠨ ᠲᠠᠢᠪᠤᠩ ᠠᠮᠤᠭᠤᠯᠠᠩ᠂ ᠬᠥᠮᠦᠨ ᠵᠤᠨ ᠨᠢ ᠲᠦᠮᠡᠨ ᠠᠮᠤᠭᠤᠯᠠᠩ ᠡᠳᠦᠷ ᠦ᠋ᠳ ᠡᠬᠢᠯᠡᠪᠡ᠃
ᠥᠭᠡᠳᠡᠢ ᠬᠠᠭᠠᠨ ᠶᠡᠬᠡ ᠮᠣᠩᠭᠣᠯ ᠤᠯᠤᠰ ᠤ᠋ᠨ ᠨᠡᠢᠰᠯᠡᠯ ᠢ᠋ ᠣᠷᠬᠣᠨ ᠤ᠋ ᠬᠥᠨᠳᠡᠢ ᠳ᠋ᠦ᠍ ᠪᠠᠢᠭᠤᠯᠬᠤ ᠠᠵᠢᠯ ᠢ᠋ ᠡᠬᠢᠯᠡᠭᠦᠯᠦᠭᠡᠳ ᠪᠠᠢᠯ᠎ᠠ᠃ ᠬᠠᠭᠠᠨ ᠡᠵᠡᠨ ᠦ᠌ ᠦᠶ᠎ᠡ ᠡᠴᠡ ᠲᠠᠯ᠎ᠠ ᠨᠤᠲᠤᠭ ᠢ᠋ᠶ᠋ᠠᠷ ᠬᠡᠭᠡᠷ᠎ᠡ ᠶ᠋ᠢᠨ ᠰᠠᠯᠬᠢ ᠲᠠᠢ ᠴᠣᠭ ᠲᠠᠷᠬᠠᠵᠤ ᠪᠠᠢᠳᠠᠭ ᠴᠤᠤ ᠶᠠᠷᠢᠶ᠎ᠠ ᠶ᠋ᠢ ᠴᠡᠭᠴᠡᠯᠡᠨ᠂ ᠶᠠᠪᠤᠭᠤᠯᠤᠭᠰᠠᠨ ᠬᠡᠯᠡ ᠵᠠᠮ ᠳ᠋ᠠᠭᠠᠨ ᠲᠠᠰᠤᠷᠠᠬᠤ ᠦᠭᠡᠢ
ᠡᠵᠡᠨ ᠳ᠋ᠡᠭᠡᠨ ᠬᠦᠷᠬᠦ ᠬᠤᠷᠳᠤᠨ᠂ ᠰᠢᠭᠤᠷᠬᠠᠢ ᠠᠷᠭ᠎ᠠ ᠶ᠋ᠢ ᠰᠠᠳᠤᠨ ᠨᠢᠭᠡ ᠡᠴᠡ ᠨᠥᠭᠦᠭᠡ ᠳ᠋ᠦ᠍ ᠳᠠᠮᠵᠢᠭᠤᠯᠤᠨ ᠢᠯᠡᠭᠡᠬᠦ ᠮᠣᠷᠢᠨ ᠥᠷᠲᠡᠭᠡ ᠶ᠋ᠢ ᠪᠣᠢ ᠪᠣᠯᠭᠠᠪᠠ᠃
ᠲᠠᠢᠪᠤᠩ ᠠᠮᠤᠭᠤᠯᠠᠩ ᠡᠳᠦᠷ ᠦ᠋ᠳ ᠦ᠋ᠨ ᠳᠤᠮᠳᠠᠭᠤᠷ ᠬᠠᠭᠠᠨ ᠡᠵᠡᠨ ᠦᠷᠭᠦᠭᠡᠨ ᠳ᠋ᠡᠭᠡᠨ ᠰᠠᠨᠠᠭᠠᠰᠢᠷᠠᠨ ᠰᠠᠭᠤᠬᠤ ᠪᠣᠯᠵᠠᠢ᠃ ᠨᠢᠭᠡᠨ ᠡᠳᠦᠷ ᠭᠠᠳᠠᠭ᠎ᠠ ᠬᠠᠭᠠᠨ ᠤ᠋ ᠦᠷᠭᠦᠭᠡᠨ ᠦ᠌ ᠬᠡᠪᠲᠡᠭᠦᠯ᠂ ᠬᠡᠰᠢᠭᠲᠡᠨ ᠴᠡᠷᠢᠭ ᠦ᠋ᠳ ᠬᠦᠨᠳᠦᠳᠬᠡᠯ ᠦᠵᠡᠭᠦᠯᠦᠨ ᠠᠮᠤᠷ ᠮᠡᠨᠳᠦ ᠶ᠋ᠢ ᠨᠢ ᠮᠡᠳᠡᠵᠦ ᠪᠣᠢ ᠶ᠋ᠢ ᠲᠤᠭᠤᠯᠪᠠᠯ ᠠᠯᠲᠠᠨ ᠤᠷᠤᠭ ᠤ᠋ᠨ ᠶᠡᠬᠡᠰ ᠳᠡᠭᠡᠳᠦᠰ ᠡᠴᠡ ᠬᠠᠭᠠᠨ ᠡᠵᠡᠨ ᠳ᠋ᠦ᠍ ᠪᠠᠷᠠᠯᠬᠠᠨ ᠢᠷᠡᠵᠦ ᠪᠠᠢᠭ᠎ᠠ ᠪᠣᠯᠤᠯᠲᠠᠢ᠃ ᠲᠡᠷᠡ ᠪᠡᠷ ᠤᠳᠬᠤᠨ ᠳᠡᠭᠦᠦ ᠲᠤᠯᠤᠢ ᠪᠠᠨ᠂ ᠡᠰᠢ ᠬᠠᠲᠤᠨ ᠤ᠋ ᠬᠠᠮᠲᠤ ᠳᠠᠭᠤᠳᠠᠭᠤᠯᠤᠭᠰᠠᠨ ᠪᠠᠢᠯ᠎ᠠ᠃ ᠲᠡᠳᠡᠨ ᠢ᠋ ᠣᠷᠣᠵᠤ ᠢᠷᠡᠬᠦ ᠳ᠋ᠦ᠍ ᠴᠡᠯᠡᠢᠭᠰᠡᠨ ᠶᠡᠬᠡ ᠦᠷᠭᠦᠭᠡᠨ ᠦ᠌ ᠬᠣᠢᠮᠣᠷ ᠥᠭᠡᠳᠡᠢ ᠬᠠᠭᠠᠨ ᠨᠡᠯᠢᠶᠡᠳ ᠪᠣᠳᠣᠯᠭᠠᠰᠢᠷᠠᠩᠭᠤᠢ ᠰᠠᠭᠤᠨ᠎ᠠ᠃ ᠬᠠᠭᠠᠨ ᠠᠬ᠎ᠠ
ᠶ᠋ᠢᠨ ᠢ᠋ᠶ᠋ᠡᠨ ᠠᠮᠤᠷ ᠮᠡᠨᠳᠦ ᠶ᠋ᠢ ᠮᠡᠳᠡᠭᠡᠳ ᠲᠤᠯᠤᠢ ᠡᠵᠡᠨ ᠬᠠᠲᠤᠨ ᠤ᠋ ᠬᠠᠮᠲᠤ ᠳᠡᠭᠡᠷ᠎ᠡ ᠰᠠᠭᠤᠯ᠎ᠠ᠃ ᠥᠭᠡᠳᠡᠢ ᠬᠠᠭᠠᠨ ᠄
— ᠬᠠᠭᠠᠨ ᠰᠠᠭᠤᠭᠰᠠᠨ ᠴᠠᠭ ᠠ᠋ᠴᠠ ᠬᠣᠢᠰᠢ ᠰᠡᠳᠬᠢᠯ ᠳ᠋ᠦ᠍ ᠲᠠᠪᠠ ᠦᠭᠡᠢ ᠨᠢᠭᠡᠨ ᠪᠣᠳᠣᠯ ᠲᠥᠷᠥᠬᠦ ᠪᠣᠯᠤᠯ᠎ᠠ ᠭᠡᠳ ᠰᠠᠭᠤᠳᠠᠯ ᠢ᠋ᠶ᠋ᠠᠨ ᠵᠠᠰᠠᠬᠤ ᠵᠠᠭᠤᠷ᠎ᠠ᠂
— ᠬᠠᠭᠠᠨ ᠡᠴᠢᠭᠡ ᠶ᠋ᠢᠨ ᠢ᠋ᠶ᠋ᠡᠨ ᠪᠡᠯᠡᠨ ᠰᠠᠭᠤᠷᠢᠨ ᠳ᠋ᠤ᠌ ᠰᠠᠭᠤᠭᠰᠠᠨ ᠪᠢ ᠥᠪᠡᠷ ᠡᠴᠡ ᠪᠡᠨ ᠶᠠᠮᠠᠷ ᠡᠷᠳᠡᠮ ᠢ᠋ᠶ᠋ᠡᠷ ᠬᠠᠭᠠᠨ ᠰᠠᠭᠤᠪᠠ ᠭᠡᠵᠦ ᠠᠰᠠᠭᠤᠬᠤ ᠪᠦᠷᠢ ᠳᠣᠲᠣᠷ᠎ᠠ ᠬᠥᠮᠦᠨ ᠮᠢᠨᠢ ᠬᠠᠷᠢᠭᠤ ᠡᠰᠡ ᠬᠡᠯᠡᠬᠦ ᠶᠦᠮ᠃ ᠢᠩᠭᠢᠵᠦ ᠤᠬᠠᠨ ᠪᠣᠳᠣᠬᠤ ᠪᠦᠷᠢ ᠳ᠋ᠦ᠍ ᠬᠥᠮᠦᠨ ᠮᠢᠨᠢ ᠠᠭᠤᠷᠰᠠᠵᠤ ᠡᠷᠳᠡᠮ ᠢ᠋ᠶ᠋ᠡᠨ ᠭᠠᠷᠭ᠎ᠠ ᠭᠡᠵᠦ ᠬᠡᠯᠡᠵᠦ ᠪᠠᠢᠬᠤ ᠰᠢᠭ᠋ ᠰᠠᠨᠠᠭᠳᠠᠨ᠎ᠠ ᠭᠡᠵᠦ ᠬᠡᠯᠡᠯ᠎ᠡ᠃
ᠲᠤᠯᠤᠢ ᠬᠠᠭᠠᠨ ᠠᠬ᠎ᠠ ᠶ᠋ᠢᠨ ᠢ᠋ᠶ᠋ᠡᠨ ᠰᠡᠳᠬᠢᠯ ᠲᠠᠪᠠ ᠦᠭᠡᠢ ᠪᠠᠢᠭ᠎ᠠ ᠰᠢᠯᠲᠠᠭᠠᠨ ᠢ᠋ ᠣᠢᠯᠠᠭᠠᠵᠤ ᠪᠠᠢᠯ᠎ᠠ᠃ ᠶᠡᠬᠡ ᠡᠵᠡᠨ ᠬᠠᠭᠠᠨ ᠡᠴᠢᠭᠡ ᠶ᠋ᠢᠨ ᠬᠤᠷᠢᠶᠠᠭᠰᠠᠨ ᠣᠯᠠᠨ ᠭᠠᠵᠠᠷ ᠣᠷᠣᠨ ᠥᠨᠥ ᠲᠡᠭᠦᠨ ᠦ᠌ ᠮᠠᠲᠠᠯ ᠳ᠋ᠤ᠌ ᠪᠠᠢᠭ᠎ᠠ ᠴᠤ᠌ ᠥᠪᠡᠷ ᠦ᠋ᠨ ᠬᠦᠴᠦ ᠪᠡᠷ ᠪᠤᠰᠤ ᠡᠴᠢᠭᠡ ᠶ᠋ᠢᠨ ᠨᠡᠷ᠎ᠡ ᠪᠡᠷ ᠢᠩᠭᠢᠵᠦ ᠰᠠᠭᠤᠬᠤ ᠨᠢ ᠲᠡᠭᠦᠨ ᠢ᠋ ᠲᠠᠪᠠ ᠦᠭᠡᠢᠳᠡᠭᠦᠯᠦᠭᠰᠡᠨ ᠠᠵᠢ᠃ ᠲᠤᠯᠤᠢ ᠡᠵᠡᠨ᠄
— ᠬᠠᠭᠠᠨ ᠠᠬ᠎ᠠ᠂ ᠲᠠ ᠡᠴᠢᠭᠡ ᠶ᠋ᠢᠨ ᠬᠡᠷᠡᠭ ᠢ᠋ ᠦᠷᠭᠦᠯᠵᠢᠯᠡᠭᠦᠯᠬᠦ ᠰᠠᠨᠠᠭ᠎ᠠ ᠲᠠᠢ ᠪᠠᠢᠨ᠎ᠠ ᠤᠤ ᠭᠡᠵᠦ ᠳᠠᠩᠳᠠᠨ ᠠᠰᠠᠭᠤᠪᠠᠯ ᠲᠡᠷᠡ ᠪᠡᠷ ᠥᠪᠡᠷ ᠦ᠋ᠨ ᠪᠣᠳᠣᠵᠤ ᠪᠠᠢᠭᠰᠠᠨ ᠪᠣᠳᠣᠯ ᠲᠤᠯᠠ᠄
— ᠡᠨᠡ ᠬᠡᠳᠦᠨ ᠵᠢᠯ ᠦ᠋ᠨ ᠬᠤᠭᠤᠴᠠᠭᠠᠨ ᠳ᠋ᠤ᠌ ᠬᠠᠩᠭᠠᠯᠲᠠ ᠲᠠᠢ ᠠᠮᠤᠭᠤᠯᠠᠩ ᠰᠠᠭᠤᠯ᠎ᠠ᠃ ᠬᠠᠭᠠᠨ ᠠᠪᠤ ᠶ᠋ᠢᠨ ᠣᠷᠣ ᠵᠠᠯᠭᠠᠨ ᠰᠠᠭᠤᠭᠰᠠᠨ ᠬᠦᠦ ᠪᠢ ᠥᠪᠡᠷ ᠲᠦ᠍ ᠮᠢᠨᠢ ᠶᠠᠮᠠᠷ ᠡᠷᠳᠡᠮ ᠪᠠᠢᠭ᠎ᠠ ᠶ᠋ᠢ ᠰᠣᠷᠢᠵᠤ ᠦᠵᠡᠬᠦ ᠪᠡᠷ ᠰᠢᠢᠳᠦᠯ᠎ᠡ᠃ ᠶᠡᠬᠡ ᠡᠵᠡᠨ ᠬᠠᠭᠠᠨ ᠡᠴᠢᠭᠡ ᠮᠢᠨᠢ ᠭᠠᠵᠠᠷ ᠤ᠋ᠨ
ᠬᠠᠮᠢᠭ᠎ᠠ ᠠ᠋ᠴᠠ ᠴᠤ ᠢᠯᠠᠯᠲᠠ ᠪᠠᠢᠭᠤᠯᠤᠯ ᠦᠭᠡᠢ ᠪᠤᠴᠠᠨ ᠢᠷᠡᠵᠦ ᠪᠠᠢᠭᠰᠠᠨ ᠤᠳᠠᠭ᠎ᠠ ᠦᠭᠡᠢ᠂ ᠬᠠᠷᠢᠨ ᠰᠡᠭᠦᠯ ᠦ᠋ᠨ ᠮᠥᠴᠡ ᠳ᠋ᠦ᠍ ᠠᠯᠲᠠᠨ ᠤᠯᠤᠰ ᠢ᠋ ᠪᠦᠷᠢᠨ ᠡᠵᠡᠯᠡᠭᠡ ᠦᠭᠡᠢ ᠣᠷᠬᠢᠭᠰᠠᠨ᠂ ᠡᠳᠦᠭᠡ ᠪᠢ ᠶᠡᠬᠡ ᠦᠢᠯᠡ ᠶ᠋ᠢ ᠭᠦᠢᠴᠡᠭᠡᠵᠦ᠂ ᠠᠯᠲᠠᠨ ᠤᠯᠤᠰ ᠲᠤ ᠳᠠᠢᠯᠠᠷ᠎ᠠ ᠮᠣᠷᠳᠠᠬᠤ ᠬᠦᠰᠡᠯ ᠲᠡᠢ ᠪᠠᠢᠨ᠎ᠠ ᠭᠡᠯᠡ᠃ ᠲᠤᠯᠤᠢ ᠬᠠᠭᠠᠨ ᠠᠬ᠎ᠠ ᠶ᠋ᠢᠨ ᠦᠭᠡ ᠶ᠋ᠢ ᠰᠣᠨᠣᠰᠤᠭᠠᠳ᠂
— ᠪᠢ ᠬᠠᠭᠠᠨ ᠠᠬ᠎ᠠ ᠶ᠋ᠢᠨ ᠬᠠᠵᠠᠭᠤ ᠳ᠋ᠤ᠌ ᠪᠠᠢᠵᠤ᠂ ᠣᠢᠷ᠎ᠠ ᠶ᠋ᠢᠨ ᠲᠡᠢᠨ ᠳ᠋ᠦ᠍ ᠬᠠᠮᠲᠤ ᠶᠠᠪᠤᠵᠤ᠂ ᠬᠣᠯᠠ ᠶ᠋ᠢᠨ ᠳᠠᠶ᠋ᠢᠰᠤᠨ ᠊ᠢ ᠬᠠᠳᠬᠤᠯᠳᠤᠨ ᠤᠰᠠᠳᠬᠠᠶ᠎ᠠ ᠭᠡᠵᠦ ᠠᠪᠤ ᠳ᠋ᠠᠭᠠᠨ ᠠᠮᠠᠯᠠᠵᠤ ᠪᠠᠢᠭᠰᠠᠨ ᠶᠣᠰᠣᠭᠠᠷ ᠲᠠᠨ ᠤ᠋ ᠰᠢᠢᠳᠪᠦᠷᠢ ᠶ᠋ᠢ ᠳᠠᠭᠠᠬᠤ ᠪᠣᠯᠤᠨ᠎ᠠ᠃ ᠡᠨᠡ ᠵᠠᠭᠤᠷ᠎ᠠ ᠳ᠋ᠤ᠌《ᠥᠪᠡᠷ ᠦ᠋ᠨ ᠬᠦᠴᠦ ᠪᠡᠷ ᠬᠤᠷᠢᠶᠠᠭ᠎ᠠ ᠦᠭᠡᠢ ᠲᠥᠷᠥ ᠤᠯᠤᠰ ᠢ᠋ ᠵᠠᠬᠢᠷᠴᠤ᠂ ᠥᠪᠡᠷ ᠦ᠋ᠨ ᠡᠷᠳᠡᠮ ᠢ᠋ᠶ᠋ᠡᠷ ᠪᠤᠰᠤ ᠡᠴᠢᠭᠡ ᠬᠠᠭᠠᠨ ᠤ᠋ ᠪᠡᠯᠡᠨ ᠰᠠᠭᠤᠳᠠᠯ ᠳ᠋ᠤ᠌ ᠰᠠᠭᠤᠭᠰᠠᠨ ᠭᠡᠳᠡᠭ ᠢ᠋ᠶ᠋ᠡᠨ ᠥᠭᠡᠳᠡᠢ ᠬᠠᠭᠠᠨ ᠤᠬᠠᠵᠤ᠂ ᠲᠤᠩᠭᠠᠵᠤ ᠪᠠᠢᠭ᠎ᠠ ᠨᠢ ᠲᠡᠭᠦᠨ ᠦ᠌ ᠶᠡᠬᠡ ᠤᠬᠠᠭᠠᠨ ᠢ᠋ ᠬᠠᠷᠠᠭᠤᠯᠵᠤ ᠪᠠᠢᠬᠤ ᠰᠢᠭ᠋᠃ ᠭᠡᠪᠡᠴᠦ ᠠᠮᠤᠭᠤᠯᠠᠩ ᠪᠠᠢᠭᠰᠠᠨ ᠭᠠᠵᠠᠷ ᠳᠡᠯᠡᠬᠡᠢ ᠳᠣᠩᠰᠣᠯᠵᠤ᠂ ᠠᠬᠢᠭᠠᠳ ᠯᠠ ᠠᠶᠠᠨ ᠲᠡᠢᠨ ᠪᠣᠯᠬᠤ ᠨᠢ ᠳᠡ》 ᠭᠡᠮᠡᠨ ᠪᠣᠳᠣᠵᠤ ᠰᠠᠭᠤᠭᠰᠠᠨ ᠰᠣᠷᠬᠠᠭᠲᠠᠨᠢ ᠬᠠᠲᠤᠨ᠄
— ᠬᠠᠭᠠᠨ ᠡᠵᠡᠨ ᠦ᠌ ᠰᠢᠢᠳᠪᠦᠷᠢ ᠶ᠋ᠢ ᠰᠣᠨᠣᠰᠤᠨ᠂ ᠬᠠᠨ ᠬᠥᠪᠡᠭᠦᠳ ᠳᠡᠭᠦᠦ ᠨᠠᠷ ᠳᠠᠭᠠᠬᠤ ᠪᠣᠯᠪᠠᠴᠤ ᠠᠯᠲᠠᠨ ᠤᠷᠤᠭ ᠤ᠋ᠨ ᠠᠬᠠᠮᠠᠳ ᠬᠥᠮᠦᠨ ᠦ᠌ ᠬᠤᠪᠢ ᠪᠠᠷ ᠴᠠᠭᠠᠲᠠᠢ ᠠᠬ᠎ᠠ ᠳ᠋ᠤ᠌ ᠬᠡᠯᠡ ᠬᠦᠷᠭᠡᠵᠦ᠂ ᠵᠥᠪᠰᠢᠶᠡᠷᠡᠬᠦ ᠠᠪᠠᠰᠤ ᠡᠬᠢᠯᠡᠪᠡᠯ ᠳᠡᠭᠡᠷ᠎ᠡ ᠦᠭᠡᠢ ᠤᠤ? ᠬᠡᠮᠡᠬᠦ ᠳ᠋ᠦ᠍᠄
— ᠰᠤᠷᠬᠠᠭᠲᠠᠨᠢ ᠴᠢ ᠮᠢᠨᠦ ᠪᠣᠳᠣᠯ ᠢ᠋ ᠤᠬᠠᠵᠤ ᠣᠢᠯᠠᠭᠠᠭᠰᠠᠨ ᠪᠠᠢᠨ᠎ᠠ ᠭᠡᠵᠦ ᠬᠡᠯᠡᠭᠡᠳ ᠥᠭᠡᠳᠡᠢ ᠬᠠᠭᠠᠨ᠂
《ᠠᠬᠠᠮᠠᠳ ᠤ᠋ᠨ ᠦᠭᠡ ᠶ᠋ᠢ ᠲᠦᠷᠦᠭᠦᠯᠡᠵᠦ ᠰᠣᠨᠣᠰᠬᠤ ᠶ᠋ᠢ ᠨᠠᠳᠠ ᠳ᠋ᠤ᠌ ᠰᠠᠨᠠᠭᠤᠯᠤᠯ᠎ᠠ᠂ ᠬᠡᠯᠡᠵᠦ ᠵᠥᠪᠯᠡᠬᠦ ᠬᠠᠭᠠᠨ ᠡᠴᠢᠭᠡ᠂ ᠥᠭᠡᠯᠦᠨ ᠡᠬᠡ ᠪᠦᠭᠦᠳᠡ ᠮᠥᠩᠬᠡ ᠲᠩᠷᠢ ᠳ᠋ᠡᠭᠡᠨ ᠣᠳᠴᠤ᠂ ᠰᠤᠷᠬᠠᠭᠲᠠᠨᠢ ᠮᠢᠨᠦ ᠪᠣᠳᠣᠯ ᠢ᠋ ᠣᠢᠯᠠᠭᠠᠬᠤ ᠶᠤᠮ᠃ ᠵᠥᠪᠬᠡᠨ ᠣᠢᠯᠠᠭᠠᠭᠠᠳ ᠵᠣᠭᠰᠣᠬᠤ ᠦᠭᠡᠢ᠂ ᠲᠠᠩᠳᠠ ᠶᠠᠮᠠᠷ ᠨᠢᠭᠡᠨ ᠰᠠᠨᠠᠭ᠎ᠠ ᠨᠡᠮᠡᠵᠦ ᠬᠡᠯᠡᠬᠦ ᠶᠦᠮ᠃ ᠪᠢ ᠡᠨᠡ ᠬᠥᠮᠦᠨ ᠳ᠋ᠦ᠍ ᠢᠲᠡᠭᠡᠵᠦ ᠪᠣᠯᠤᠨ᠎ᠠ》 ᠭᠡᠮᠡᠨ ᠪᠣᠳᠣᠪᠠ᠃ ᠬᠡᠳᠦ ᠬᠣᠨᠣᠭ ᠤ᠋ᠨ ᠳᠠᠷᠠᠭ᠎ᠠ ᠥᠭᠡᠳᠡᠢ ᠬᠠᠭᠠᠨ ᠵᠠᠷᠯᠢᠭ ᠪᠣᠯᠭᠠᠨ ᠴᠠᠭᠠᠲᠠᠢ ᠶ᠋ᠢᠨ ᠤᠯᠤᠰ ᠤᠷᠤᠭᠤ ᠡᠯᠴᠢ ᠳᠣᠪᠲᠣᠯᠭᠠᠯ᠎ᠠ᠃ ᠡᠨᠡ ᠰᠠᠨᠠᠯ ᠢ᠋ ᠴᠠᠭᠠᠲᠠᠢ ᠬᠦᠯᠢᠶᠡᠨ ᠠᠪᠴᠤ《ᠶᠠᠭᠤ ᠠᠯᠳᠠᠨ᠎ᠠ᠃ ᠠᠭᠤᠷᠠᠭ ᠢ᠋ᠶ᠋ᠠᠨ ᠢᠲᠡᠭᠡᠯᠲᠦ ᠬᠥᠮᠦᠨ ᠳ᠋ᠦ᠍ ᠲᠦᠰᠢᠨ ᠦᠯᠡᠳᠡᠭᠡᠭᠡᠳ ᠮᠣᠷᠳᠠ᠂ ᠪᠢ ᠡᠨᠳᠡ ᠡᠴᠡ ᠴᠡᠷᠢᠭ ᠦ᠋ᠨ ᠬᠦᠴᠦ ᠢᠯᠡᠭᠡᠶ᠎ᠡ》 ᠭᠡᠰᠡᠨ ᠬᠠᠷᠢᠭᠤ ᠢᠷᠡᠭᠦᠯᠦᠭᠰᠡᠨ ᠪᠠᠢᠯ᠎ᠠ᠃ ᠮᠣᠩᠭᠣᠯ ᠤ᠋ᠨ ᠲᠠᠯ᠎ᠠ ᠳ᠋ᠤ᠌ ᠦᠷᠭᠦᠯᠵᠢᠯᠡᠵᠦ ᠪᠠᠢᠭᠰᠠᠨ ᠠᠮᠤᠭᠤᠯᠠᠩ ᠡᠳᠦᠷ ᠦ᠋ᠳ ᠦ᠋ᠨ ᠳᠤᠮᠳᠠᠭᠤᠷ ᠶᠡᠬᠡ ᠮᠣᠩᠭᠣᠯ ᠤᠯᠤᠰ ᠤ᠋ᠨ ᠡᠵᠡᠨ ᠬᠠᠭᠠᠨ ᠡᠷᠲᠡᠨ ᠦ᠌ ᠥᠰᠢᠶᠡᠲᠦ ᠠᠯᠲᠠᠨ ᠤᠯᠤᠰ ᠤ᠋ᠨ ᠵᠦᠭ ᠲᠡᠢᠨ ᠦ᠌ ᠬᠠᠷᠠᠩᠭ᠎ᠠ ᠪᠠᠨ ᠳᠡᠯᠡᠳᠴᠦ ᠡᠬᠢᠯᠡᠯ᠎ᠡ᠃
ᠨᠠᠯᠠᠭᠠᠷ ᠵᠤᠨ ᠤ᠋ ᠡᠳᠦᠷ ᠦ᠋ᠳ ᠦᠷᠭᠦᠯᠵᠢᠯᠡᠨ᠎ᠡ᠃ ᠤᠨᠤᠨ ᠭᠣᠣᠯ ᠤ᠋ᠨ ᠡᠷᠭᠢ ᠳᠠᠭᠠᠤ ᠨᠤᠲᠤᠭᠯᠠᠭᠰᠠᠨ ᠠᠢᠯ ᠤ᠋ᠳ ᠤ᠋ᠨ ᠭᠠᠳᠠᠭ᠎ᠠ ᠬᠥᠯ ᠬᠥᠳᠡᠯᠭᠡᠭᠡᠨ ᠶᠡᠬᠡ ᠲᠡᠢ᠃ ᠬᠡᠦᠬᠡᠳ ᠡᠮᠡᠭᠲᠡᠢᠴᠦᠳ ᠨᠣᠣᠰᠣ ᠰᠠᠪᠠᠨ᠂ ᠵᠠᠷᠢᠮ ᠨᠢ ᠬᠣᠯᠪᠣᠭ᠎ᠠ ᠲᠠᠢ ᠬᠣᠨᠢ ᠰᠠᠭᠠᠵᠤ᠂ ᠭᠠᠯ ᠳᠡᠭᠡᠷ᠎ᠡ ᠲᠣᠭᠣᠭ᠎ᠠ ᠲᠠᠢ ᠬᠣᠭᠣᠯᠠ ᠳᠠᠷᠬᠢᠨ ᠦᠨᠢᠶ᠎ᠡ ᠲᠤᠭᠤᠯ ᠨᠡᠢᠯᠡᠬᠦ ᠪᠠᠷ᠎ᠠ ᠪᠠᠷ ᠬᠡᠦᠬᠡᠳ ᠦ᠋ᠳ ᠡᠮᠦᠨ᠎ᠡ ᠡᠴᠡ ᠨᠢ ᠭᠦᠶᠦᠨ ᠣᠴᠢᠵᠤ ᠰᠠᠯᠭᠠᠵᠤ ᠪᠠᠢᠭ᠎ᠠ ᠬᠠᠷᠠᠭᠳᠠᠨ᠎ᠠ᠃ ᠥᠷᠯᠥᠭᠡᠨ ᠡᠴᠡ ᠦᠳᠡᠰᠢ ᠤᠨᠲᠠᠬᠤ ᠬᠦᠷᠲᠡᠯ᠎ᠡ ᠦᠯᠦ ᠲᠠᠰᠤᠷᠠᠬᠤ ᠡᠨᠡ ᠶᠡᠬᠡ ᠠᠵᠢᠯ ᠲᠠᠯ᠎ᠠ ᠨᠤᠲᠤᠭ ᠤ᠋ᠨ ᠠᠢᠯ ᠪᠦᠬᠦᠨ ᠦ᠌ ᠭᠠᠳᠠᠭ᠎ᠠ ᠦᠷᠭᠦᠯᠵᠢᠯᠡᠳᠡᠭ᠃ ᠨᠣᠣᠰᠣ ᠰᠠᠪᠠᠵᠤ ᠪᠠᠢᠭᠰᠠᠨ ᠡᠮᠡᠭᠲᠡᠢᠴᠦᠳ ᠦ᠋ᠨ ᠳᠤᠮᠳᠠ ᠠ᠋ᠴᠠ ᠨᠢᠭᠡ ᠡᠮᠡᠭᠲᠡᠢ ᠬᠣᠯᠠ ᠦᠭᠡᠢᠬᠡᠨ ᠢᠰᠡᠭᠡᠢ ᠬᠢᠵᠦ ᠪᠠᠢᠭ᠎ᠠ ᠡᠷᠡᠴᠦᠳ ᠦ᠋ᠨ ᠳᠤᠮᠳᠠ ᠶᠠᠮᠠᠷ ᠨᠢᠭᠡᠨ ᠵᠦᠢᠯ ᠢ᠋ ᠵᠢᠭᠠᠵᠤ ᠵᠢᠭᠠᠪᠤᠷᠢᠯᠠᠨ ᠪᠠᠢᠭ᠎ᠠ ᠬᠣᠷᠢ ᠣᠷᠴᠢᠮ ᠨᠠᠰᠤᠨ ᠤ᠋ ᠥᠨᠳᠥᠷ ᠴᠢᠭᠢᠷᠠᠭ ᠵᠠᠯᠠᠭᠤ ᠶ᠋ᠢ ᠬᠠᠷᠠᠭᠠᠳ᠄
— ᠬᠠᠭᠠᠨ ᠬᠥᠮᠦᠨ ᠦ᠌ ᠦᠷ᠎ᠡ ᠭᠡᠬᠦ ᠳ᠋ᠦ᠍ ᠮᠠᠯ ᠳ᠋ᠤ᠌ ᠨᠢᠳᠦ ᠲᠡᠢ᠂ ᠠᠵᠢᠯ ᠳ᠋ᠤ᠌ ᠳᠦᠢᠲᠡᠢ ᠶᠦᠮ ᠭᠡᠵᠦ ᠵᠢᠷ ᠦ᠋ᠨ ᠨᠢᠭᠡᠨ ᠪᠢᠳᠡᠨ ᠰᠢᠭ ᠠᠵᠢᠯ ᠤ᠋ᠨ ᠬᠦᠨᠳᠦ ᠶ᠋ᠢ ᠠᠵᠢᠶᠠᠷᠠᠬᠤ ᠦᠭᠡᠢ ᠶᠦᠮ ᠭᠡᠪᠡ᠃
— ᠬᠠᠲᠤᠨᠲᠠᠨ ᠦᠨᠡᠬᠡᠷ ᠬᠠᠲᠠᠭᠤ ᠴᠢᠩᠭ᠎ᠠ ᠬᠥᠮᠦᠨ ᠶᠦᠮ ᠠ᠋᠂ ᠥᠪᠡᠷ ᠦ᠋ᠨ ᠬᠡᠦᠬᠡᠳ ᠦ᠋ᠳ ᠢ᠋ᠶ᠋ᠡᠨ ᠪᠡᠷᠬᠡ ᠪᠦᠬᠦᠨ ᠦ᠌ ᠡᠮᠦᠨ᠎ᠡ ᠨᠢ ᠵᠣᠭᠰᠣᠭᠠᠵᠤ᠂ ᠥᠷᠥᠭᠡᠯ ᠪᠤᠰᠤᠳ ᠲᠤ ᠪᠣᠯᠬᠣᠷ ᠭᠠᠷ ᠰᠤᠩᠭᠠᠨ ᠲᠤᠰᠠᠯᠠᠬᠤ ᠨᠢ ᠬᠠᠴᠢᠷᠬᠠᠯ ᠲᠠᠢ ᠭᠡᠵᠦ ᠥᠭᠡᠷ᠎ᠡ ᠨᠢᠭᠡ ᠡᠮᠡᠭᠲᠡᠢ ᠶ᠋ᠢ ᠬᠡᠯᠡᠬᠦ ᠳ᠋ᠦ᠍᠂
— ᠴᠢᠮᠡᠭᠡ ᠦᠭᠡᠢ ᠭᠡᠮ᠃ ᠰᠣᠨᠣᠰᠴᠢᠬᠠᠨᠠ᠃ ᠲᠡᠢᠨ ᠳᠠᠵᠢᠨ ᠪᠣᠯᠤᠭ᠎ᠠ ᠦᠭᠡᠢ ᠲᠠᠢᠪᠤᠩ ᠴᠠᠭ ᠲᠤ ᠬᠠᠨ ᠬᠦᠦ ᠥᠪᠡᠷ ᠢ᠋ᠶ᠋ᠡᠨ ᠡᠨᠡ ᠶᠡᠬᠡ ᠠᠵᠢᠯ ᠢ᠋ ᠤᠳᠤᠷᠢᠳᠤᠨ ᠪᠢᠳᠡᠨ ᠢ᠋ᠶ᠋ᠡᠷ ᠬᠢᠯᠭᠡᠵᠦ ᠪᠠᠢᠭ᠎ᠠ ᠶᠤᠮ ᠴᠢᠨᠢ ᠲᠡᠢᠨ ᠳᠣᠯᠣᠭᠠᠨ ᠤ᠋ ᠴᠠᠭ ᠲᠤ ᠪᠣᠯ ᠶᠡᠬᠡ ᠴᠡᠷᠢᠭ ᠢ᠋ᠶ᠋ᠡᠨ ᠠᠪᠤᠨ ᠳᠠᠢᠰᠤᠨ ᠤ᠋ ᠥᠭᠡᠳᠡ ᠡᠴᠡ ᠰᠤᠮᠤ ᠰᠢᠭ᠋ ᠱᠤᠩᠭᠢᠨᠠᠨ ᠣᠷᠣᠬᠤ ᠵᠣᠷᠢᠭᠲᠤ ᠪᠠᠭᠠᠲᠤᠷ ᠪᠣᠯᠬᠤ ᠪᠢᠵᠡ ᠠ᠋!
— ᠬᠠᠲᠤᠨᠲᠠᠨ ᠡᠬᠡ ᠳᠣᠲᠣᠷ᠎ᠠ ᠪᠠᠨ ᠪᠣᠳᠣᠯ ᠲᠠᠢ ᠡᠨᠡ ᠠᠵᠢᠯ ᠢ᠋ ᠬᠦᠦ ᠳ᠋ᠡᠭᠡᠨ ᠬᠠᠷᠢᠭᠤᠴᠠᠭᠤᠯᠤᠭᠠ ᠪᠢᠵᠡ ᠳᠡ?
— ᠲᠡᠷᠡ ᠲᠡᠢ ᠲᠡᠷᠡ ᠦᠭᠡᠢ ᠠᠯᠲᠠᠨ ᠤᠷᠤᠭ ᠤ᠋ᠨ ᠬᠥᠮᠦᠨ᠂ ᠡᠢᠮᠦ ᠠᠵᠢᠯ ᠬᠢᠭᠰᠡᠨ ᠴᠦ᠍ ᠲᠡᠷᠡ᠂ ᠬᠢᠭᠡ ᠦᠭᠡᠢ ᠴᠦ᠍ ᠲᠡᠷᠡ ᠡᠳ᠋ ᠪᠠᠶᠠᠯᠢᠭ ᠨᠢ ᠨᠠᠰᠤᠨ ᠲᠤᠷᠰᠢᠳᠠ ᠡᠮᠦᠨ᠎ᠡ ᠨᠢ ᠳᠡᠯᠭᠡᠭᠡ ᠲᠡᠢ ᠪᠠᠢᠬᠤ ᠳ᠋ᠤ᠌ ᠢᠩᠭᠢᠬᠦ ᠬᠡᠷᠡᠭ ᠶᠠᠭᠤ ᠪᠠᠢᠨ᠎ᠠ᠃ ᠬᠡᠦᠬᠡᠨ ᠨᠦ᠍ᠭᠦᠳ ᠡᠢᠨ ᠶᠠᠷᠢᠯᠴᠠᠬᠤ ᠵᠠᠭᠤᠷ᠎ᠠ ᠲᠡᠷᠲᠡᠭᠡ ᠡᠴᠡ ᠮᠣᠷᠢ ᠲᠠᠢ ᠬᠥᠮᠦᠨ ᠳᠠᠪᠬᠢᠨ ᠢᠷᠡᠭᠡᠳ ᠢᠰᠡᠭᠡᠢ ᠬᠢᠵᠦ ᠪᠠᠢᠭᠰᠠᠨ ᠬᠥᠮᠦᠰ ᠦ᠋ᠨ ᠳᠡᠷᠭᠡᠳᠡ ᠬᠦᠷᠴᠦ ᠣᠴᠢᠯ᠎ᠠ᠃
ᠲᠦᠷᠦᠭᠦᠨ ᠡᠴᠡ ᠬᠣᠢᠰᠢ ᠢᠰᠡᠭᠡᠢ ᠬᠢᠵᠦ ᠪᠣᠢ ᠬᠥᠮᠦᠰ ᠦ᠋ᠨ ᠳᠤᠮᠳᠠ ᠵᠢᠭᠠᠪᠤᠷᠢᠴᠢᠯᠠᠨ ᠪᠠᠢᠭᠰᠠᠨ ᠬᠥᠮᠦᠨ ᠪᠣᠯ ᠰᠤᠷᠬᠠᠭᠲᠠᠨᠢ ᠬᠠᠲᠤᠨ ᠤ᠋ ᠲᠣᠮᠣ ᠬᠦᠦ ᠮᠥᠩᠬᠡ ᠪᠠᠢᠪᠠ᠃ ᠢᠷᠡᠭᠰᠡᠨ ᠬᠥᠮᠦᠨ ᠮᠥᠩᠬᠡ ᠶ᠋ᠢᠨ ᠠᠮᠤᠷ ᠮᠡᠨᠳᠦ ᠶ᠋ᠢ ᠮᠡᠳᠡᠭᠡᠳ᠄
— ᠬᠠᠲᠤᠨ ᠡᠬᠡ ᠲᠠᠨ ᠢ᠋ ᠳᠠᠭᠤᠳᠠᠭᠤᠯᠵᠤ ᠪᠠᠢᠨ᠎ᠠ ᠭᠡᠵᠦ ᠬᠡᠯᠡᠪᠡ᠃
— ᠬᠠᠲᠤᠨ ᠡᠬᠡ ᠳᠠᠭᠤᠳᠠᠭᠤᠯᠵᠤ ᠪᠠᠢᠨ᠎ᠠ ᠭᠡᠨ᠎ᠡ᠂ ᠪᠢ ᠶᠠᠪᠤᠬᠤ ᠦᠭᠡᠢ ᠪᠣᠯ ᠪᠣᠯᠬᠤ ᠦᠭᠡᠢ ᠨᠢ ᠭᠡᠵᠦ ᠬᠠᠵᠠᠭᠤ ᠳ᠋ᠠᠭᠠᠨ ᠵᠣᠭᠰᠣᠵᠤ ᠪᠠᠢᠭᠰᠠᠨ ᠬᠡᠳᠦᠨ ᠵᠠᠯᠠᠭᠤᠰ ᠲᠤ ᠬᠡᠯᠡᠭᠡᠳ ᠮᠥᠩᠬᠡ ᠡᠭᠦᠳᠡ ᠨᠢ ᠳᠡᠯᠭᠡᠭᠡ ᠲᠡᠢ ᠪᠣᠷᠣ ᠭᠡᠷ ᠢ᠋ ᠵᠦᠭᠯᠡᠨ ᠶᠠᠪᠤᠯ᠎ᠠ᠃ ᠭᠡᠷ ᠦ᠋ᠨ ᠡᠵᠡᠨ ᠪᠣᠯᠤᠯᠲᠠᠢ ᠬᠥᠮᠦᠨ ᠲᠡᠭᠦᠨ ᠢ᠋ ᠣᠷᠣᠵᠤ ᠢᠷᠡᠬᠦ ᠪᠠᠷ᠎ᠠ ᠪᠠᠷ ᠰᠠᠭᠤᠳᠠᠯ ᠠ᠋ᠴᠠ ᠪᠠᠨ ᠪᠣᠰᠴᠤ᠂ ᠳᠡᠭᠡᠭᠰᠢ ᠰᠠᠭᠤᠬᠤ ᠶ᠋ᠢ ᠤᠷᠢᠬᠤ ᠨᠢ ᠰᠤᠷᠬᠠᠭᠲᠠᠨᠢ ᠬᠠᠲᠤᠨ ᠤ᠋ ᠲᠣᠭᠣᠭᠠᠴᠢ ᠠᠰᠢᠳᠠ ᠲᠡᠮᠦᠷ ᠪᠠᠢᠪᠠ᠃
ᠮᠥᠩᠬᠡ ᠭᠡᠷ ᠲᠦ᠍ ᠣᠷᠣᠵᠤ ᠰᠠᠭᠤᠭᠠᠳ᠄
— ᠡᠵᠢ ᠳᠠᠭᠤᠳᠠᠭᠤᠯᠤᠭᠰᠠᠨ ᠭᠡᠨ᠎ᠡ᠃ ᠡᠨᠳᠡᠬᠢ ᠶ᠋ᠢᠨ ᠠᠵᠢᠯ ᠳᠠᠭᠤᠰᠤᠭ᠎ᠠ ᠦᠭᠡᠢ ᠪᠠᠢᠳᠠᠭ᠂ ᠶᠠᠭᠤᠨ ᠬᠡᠷᠡᠭ ᠭᠠᠷᠤᠭᠰᠠᠨ ᠶᠤᠮ ᠪᠣᠯ᠂ ᠶᠠᠮᠠᠷ ᠴᠤ ᠭᠡᠰᠡᠨ ᠶᠠᠪᠤᠭᠠᠳ ᠢᠷᠡᠶ᠎ᠡ᠃ ᠬᠠᠷᠢᠨ ᠠᠰᠢᠳᠠ ᠲᠡᠮᠦᠷ ᠲᠠ ᠮᠢᠨᠦ ᠡᠵᠡᠭᠦᠢ ᠳ᠋ᠦ᠍ ᠡᠨᠡ ᠬᠥᠮᠦᠰ ᠲᠦ᠍ ᠵᠢᠭᠠᠪᠤᠷᠢ ᠵᠥᠪᠯᠡᠭᠡ ᠥᠭᠴᠦ ᠪᠠᠢᠭᠠᠷᠠᠢ ᠭᠡᠵᠦ ᠬᠡᠯᠡᠭᠡᠳ ᠭᠡᠷ ᠡᠴᠡ ᠭᠠᠷᠴᠤ ᠣᠯᠠᠨ ᠭᠡᠷ ᠦ᠋ᠨ ᠳᠤᠮᠳᠠ ᠪᠠᠢᠬᠤ ᠴᠠᠭᠠᠨ ᠢᠰᠡᠭᠡᠢ ᠭᠡᠷ ᠲᠦ᠍ ᠶᠠᠪᠤᠵᠤ ᠣᠷᠣᠯ᠎ᠠ᠃ ᠭᠡᠷ ᠲᠦ᠍ ᠨᠢᠭᠡᠨ ᠡᠮᠡᠭᠲᠡᠢ ᠬᠡᠦᠬᠡᠳ ᠢ᠋ᠶ᠋ᠡᠨ ᠬᠥᠬᠥᠭᠦᠯᠵᠦ ᠰᠠᠭᠤᠭᠰᠠᠨ ᠢ᠋ᠶ᠋ᠠᠨ ᠮᠥᠩᠬᠡ ᠶ᠋ᠢ ᠣᠷᠣᠵᠤ ᠢᠷᠡᠬᠦ ᠳ᠋ᠦ᠍ ᠬᠦᠦ ᠪᠡᠨ ᠵᠢᠭᠠᠨ᠄
— ᠮᠢᠨᠦ ᠬᠦᠦ ᠬᠥᠭᠡᠷᠦᠬᠦᠨ ᠭᠡᠳᠡᠭ ᠨᠢ ᠦᠬᠦᠭᠡᠷᠲᠦᠬᠦ ᠪᠡᠷ ᠥᠭᠡᠳᠡ ᠡᠴᠡ ᠥᠮᠥᠯᠵᠡᠭᠡᠳ ᠪᠠᠢᠬᠤ ᠶᠤᠮ ᠭᠡᠵᠦ ᠡᠷᠬᠡᠯᠡᠩᠭᠦᠢ ᠬᠡᠯᠡᠯ᠎ᠡ᠃
ᠡᠨᠡ ᠬᠥᠮᠦᠨ ᠪᠣᠯ ᠮᠥᠩᠬᠡ ᠶ᠋ᠢᠨ ᠬᠠᠲᠤᠨ ᠬᠤᠲᠤᠭᠲᠠᠢ ᠠᠵᠤᠭᠤ᠃ ᠲᠤᠯᠤᠢ ᠡᠵᠡᠨ ᠦ᠌ ᠲᠣᠮᠣ ᠬᠦᠦ ᠮᠥᠩᠬᠡ ᠠᠪᠤ ᠶ᠋ᠢᠨ ᠭᠣᠯᠣᠮᠲᠠ ᠲᠠᠰᠤᠯᠵᠤ᠂ ᠡᠷᠦᠬᠡ ᠭᠡᠷ ᠢ᠋ᠶ᠋ᠡᠨ ᠲᠤᠰᠠᠭᠠᠷᠯᠠᠨ ᠡᠬᠡᠨᠡᠷ ᠠᠪᠴᠤ᠂ ᠥᠨᠥ ᠬᠦᠦ ᠲᠡᠢ ᠪᠣᠯᠤᠭᠰᠠᠨ ᠪᠠᠢᠯ᠎ᠠ᠃ ᠵᠤᠨ ᠤ᠋ ᠳᠡᠯᠭᠡᠷ ᠴᠠᠭ ᠲᠤ ᠬᠠᠲᠤᠨ ᠡᠬᠡ ᠶ᠋ᠢᠨ ᠬᠡᠯᠡᠭᠰᠡᠨ ᠢ᠋ᠶ᠋ᠡᠷ ᠤᠨᠤᠨ ᠭᠣᠣᠯ ᠤ᠋ᠨ ᠰᠠᠪᠠ ᠳᠠᠭᠠᠤ ᠪᠠᠭᠤᠷᠢᠯᠠᠵᠤ᠂ ᠠᠰᠢᠳᠠ ᠲᠡᠮᠦᠷ ᠪᠣᠯᠤᠨ ᠲᠡᠷᠡ ᠬᠠᠪᠢ ᠪᠠᠷ ᠨᠤᠲᠤᠭᠯᠠᠬᠤ ᠬᠥᠮᠦᠰ ᠦ᠋ᠨ ᠳᠤᠮᠳᠠ ᠵᠤᠰᠠᠬᠤ ᠪᠣᠯᠵᠠᠢ᠃ ᠬᠠᠲᠤᠨ ᠡᠬᠡ ᠮᠥᠩᠬᠡ ᠬᠦᠦ ᠪᠡᠨ ᠡᠨᠡ ᠮᠡᠲᠦ ᠠᠷᠠᠳ ᠣᠯᠠᠨ ᠤ᠋ ᠳᠤᠮᠳᠠ ᠣᠷᠣᠭᠤᠯᠬᠤ ᠪᠣᠯᠤᠭᠰᠠᠨ ᠨᠢ ᠴᠠᠭᠠᠨ᠎ᠠ ᠪᠠᠨ ᠪᠣᠳᠣᠯ ᠲᠠᠢ᠂ ᠬᠠᠭᠠᠨ ᠬᠥᠮᠦᠨ ᠦ᠌ ᠦᠷ᠎ᠡ ᠴᠤ᠂ ᠬᠠᠷᠠᠴᠤ ᠠᠷᠠᠳ ᠤ᠋ᠨ ᠠᠮᠢᠳᠤᠷᠠᠯ ᠤ᠋ᠨ ᠦᠨᠡᠨ ᠢ᠋ ᠮᠡᠳᠡᠵᠦ ᠪᠠᠢᠬᠤ ᠤᠴᠢᠷ ᠲᠠᠢ ᠭᠡᠰᠡᠨ ᠬᠣᠯᠠᠴᠢ ᠪᠣᠳᠣᠯ ᠪᠠᠢᠪᠠ᠃
ᠬᠣᠯᠠ ᠠ᠋ᠴᠠ ᠶᠡᠬᠡ ᠠᠭᠤᠷᠠᠭ ᠬᠥᠯ ᠬᠥᠳᠡᠯᠭᠡᠭᠡᠨ ᠶᠡᠬᠡ ᠲᠡᠢ ᠬᠠᠷᠠᠭᠳᠠᠨ᠎ᠠ᠃ ᠬᠠᠮᠢᠭ᠎ᠠ ᠰᠠᠢ ᠦᠭᠡᠢ ᠬᠥᠮᠦᠰ ᠲᠦᠷᠭᠡᠨ ᠲᠦᠷᠭᠡᠨ ᠠᠯᠬᠤᠨ᠂ ᠶᠠᠮᠠᠷ ᠨᠢᠭᠡᠨ ᠵᠦᠢᠯ ᠢ᠋ ᠴᠢᠬᠤᠯᠠᠴᠢᠯᠠᠨ ᠶᠠᠷᠢᠯᠴᠠᠵᠤ᠂ ᠵᠠᠷ ᠵᠡᠪᠰᠡᠭ ᠢ᠋ᠶ᠋ᠡᠨ ᠪᠠᠵᠠᠭᠠᠨ ᠪᠠᠢᠬᠤ ᠨᠢ ᠨᠢᠭᠡ ᠲᠠᠢᠰᠢ ᠶᠠᠪᠤᠬᠤ ᠭᠡᠵᠦ ᠪᠠᠢᠭ᠎ᠠ ᠪᠣᠯᠤᠯᠲᠠᠢ᠃ ᠡᠨᠡ ᠳᠦᠷᠢ ᠵᠢᠷᠤᠭ ᠠᠭᠤᠷᠠᠭ ᠲᠤ ᠪᠠᠢᠩᠭᠤ ᠲᠣᠬᠢᠶᠠᠯᠳᠤᠳᠠᠭ ᠤᠴᠢᠷ ᠲᠡᠳᠦᠢ ᠯᠡ ᠰᠣᠨᠢᠨ ᠰᠣᠳᠣᠨ ᠵᠦᠢᠯ ᠪᠢᠰᠢ᠃ ᠮᠥᠩᠬᠡ ᠳᠠᠭᠠᠯᠳᠤᠨ ᠢᠷᠡᠭᠰᠡᠨ ᠥᠪᠡᠷ ᠦ᠋ᠨ ᠬᠥᠮᠦᠰ ᠢ᠋ᠶ᠋ᠡᠨ ᠦᠯᠡᠳᠡᠭᠡᠭᠡᠳ ᠡᠬᠡ ᠶ᠋ᠢᠨ ᠢ᠋ᠶ᠋ᠡᠨ ᠦᠷᠭᠦᠭᠡᠨ ᠳ᠋ᠦ᠍ ᠣᠷᠣᠯ᠎ᠠ᠃ ᠡᠬᠡ ᠨᠢ ᠮᠥᠩᠬᠡ ᠶ᠋ᠢ ᠭᠠᠳᠠᠨ᠎ᠠ ᠠ᠋ᠴᠠ ᠣᠷᠣᠵᠤ ᠢᠷᠡᠬᠦ ᠳ᠋ᠦ᠍ ᠪᠠᠭ᠎ᠠ ᠬᠦᠦ ᠠᠷᠢᠭᠪᠥ᠋ᠬᠡ ᠶ᠋ᠢᠨ ᠬᠠᠮᠲᠤ ᠪᠠᠢᠪᠠ᠃ ᠠᠷᠢᠭᠪᠥ᠋ᠬᠡ ᠠᠬ᠎ᠠ ᠶ᠋ᠢᠨ ᠢ᠋ᠶ᠋ᠡᠨ ᠣᠷᠣᠵᠤ ᠢᠷᠡᠬᠦ ᠶ᠋ᠢ ᠬᠠᠷᠠᠭᠠᠳ᠄
— ᠮᠥᠩᠬᠡ ᠠᠬ᠎ᠠ᠁ ᠮᠥᠩᠬᠡ ᠠᠬ᠎ᠠ ᠠ᠋᠂ ᠲᠠ ᠰᠠᠢᠨ ᠶᠠᠪᠤᠵᠤ ᠢᠷᠡᠪᠡ ᠤᠤ? ᠭᠡᠮᠡᠨ ᠬᠦᠨᠳᠦᠳᠬᠡᠯ ᠲᠡᠢ ᠪᠡᠷ ᠮᠡᠨᠳᠦᠴᠢᠯᠡᠭᠰᠡᠨ ᠢ᠋ᠶ᠋ᠡᠨ ᠡᠬᠡ ᠶ᠋ᠢ ᠪᠡᠨ ᠨᠢᠳᠦᠨ ᠦ᠌ ᠪᠡᠨ ᠪᠤᠯᠤᠩ ᠢ᠋ᠶ᠋ᠠᠷ ᠠᠩᠵᠠᠭᠠᠷᠠᠨ ᠬᠠᠷᠠᠵᠤ ᠪᠣᠢ ᠨᠢ ᠬᠠᠲᠤᠨ ᠡᠬᠡ ᠨᠢ ᠬᠦᠦ ᠶ᠋ᠢᠨ ᠢ᠋ᠶ᠋ᠡᠨ ᠲᠣᠮᠣᠭ᠎ᠠ ᠦᠭᠡᠢ ᠵᠠᠩ ᠢ᠋ ᠲᠥᠯᠥᠪᠰᠢᠭᠦᠯᠬᠦ ᠭᠡᠵᠦ ᠠᠬᠠᠰ ᠶᠡᠬᠡᠰ ᠲᠡᠭᠡᠨ ᠮᠡᠨᠳᠦᠯᠡᠬᠦ ᠬᠦᠨᠳᠦᠯᠡᠬᠦ ᠶᠣᠰᠣᠨ ᠤ᠋ ᠲᠤᠬᠠᠢ ᠵᠢᠭᠠᠨ᠂ ᠦᠭᠡ ᠰᠤᠷᠭᠠᠯ ᠢ᠋ᠶ᠋ᠠᠨ ᠬᠠᠢᠷᠠᠯᠠᠵᠤ ᠪᠠᠢᠭᠰᠠᠨ ᠪᠣᠯᠤᠯᠲᠠᠢ᠂ ᠰᠤᠷᠬᠠᠭᠲᠠᠨᠢ ᠮᠥᠩᠬᠡ ᠶ᠋ᠢ ᠬᠠᠷᠠᠭᠠᠳ᠄
— ᠮᠢᠨᠦ ᠬᠦᠦ ᠰᠠᠢᠨ ᠶᠠᠪᠤᠵᠤ ᠢᠷᠡᠪᠡ ᠤᠤ? ᠡᠵᠢ ᠨᠢ ᠴᠢᠮᠠᠶ᠋ᠢ ᠳᠠᠭᠤᠳᠠᠭᠤᠯᠤᠭᠠᠳ ᠢᠷᠡᠬᠦ ᠶ᠋ᠢ ᠴᠢᠨᠢ ᠬᠦᠯᠢᠶᠡᠵᠦ ᠰᠠᠭᠤᠯ᠎ᠠ ᠭᠡᠬᠦ ᠶ᠋ᠢ ᠰᠣᠨᠣᠰᠪᠠᠯ ᠨᠢᠭᠡᠨ ᠴᠢᠬᠤᠯᠠ ᠠᠵᠢᠯ ᠭᠠᠷᠤᠭᠰᠠᠨ ᠨᠢ ᠢᠯᠡᠳᠲᠡ᠃ ᠭᠡᠪᠡᠴᠦ ᠬᠠᠲᠤᠨ ᠶᠠᠷᠢᠶ᠎ᠠ ᠪᠠᠨ ᠥᠭᠡᠷ᠎ᠡ ᠵᠦᠭ ᠲᠦ᠍ ᠬᠠᠨᠳᠤᠭᠤᠯᠤᠨ᠄
— ᠠᠰᠢᠳᠠ ᠲᠡᠮᠦᠷ ᠰᠠᠢᠨ ᠤᠤ ᠭᠡᠵᠦ ᠠᠰᠠᠭᠤᠯ᠎ᠠ᠃
— ᠪᠠᠢᠭ᠎ᠠ᠃ ᠬᠠᠲᠤᠨ ᠡᠬᠡ ᠶ᠋ᠢᠨ ᠲᠠᠨᠢ ᠬᠠᠵᠠᠭᠤ ᠳ᠋ᠤ᠌ ᠪᠠᠢᠬᠤ ᠦᠭᠡᠢ ᠨᠢ ᠲᠡᠢᠮᠦᠬᠡᠨ ᠴᠤ᠂ ᠬᠠᠩᠭᠠᠢ ᠳᠡᠯᠡᠬᠡᠢ ᠶ᠋ᠢᠨ ᠢ᠋ᠶ᠋ᠡᠨ ᠡᠯᠢᠭᠡᠨ ᠳᠡᠭᠡᠷ᠎ᠡ ᠵᠢᠷᠭᠠᠵᠤ ᠰᠠᠭᠤᠨ᠎ᠠ ᠭᠡᠵᠦ ᠲᠠᠩᠳᠠ ᠶᠠᠷᠢᠳᠠᠭ ᠶᠤᠮ ᠭᠡᠯᠡ᠃ ᠰᠤᠷᠬᠠᠭᠲᠠᠨᠢ ᠢᠨᠢᠶᠡᠵᠦ᠂
— ᠡᠬᠡᠨᠡᠷ ᠠᠪᠴᠤ ᠲᠤᠭᠤᠷᠭ᠎ᠠ ᠲᠤᠰᠠᠭᠠᠷᠯᠠ ᠭᠡᠬᠦ ᠳ᠋ᠦ᠍ ᠮᠢᠨᠢ ᠥᠪᠡᠷ ᠢ᠋ᠶ᠋ᠡᠨ ᠯᠡ ᠵᠥᠪᠰᠢᠶᠡᠷᠡᠵᠦ ᠨᠡᠭᠦᠭᠰᠡᠨ ᠬᠥᠮᠦᠨ ᠰᠢᠦ ᠳᠡ᠃ ᠨᠠᠳᠠ ᠲᠠᠢ ᠬᠠᠮᠲᠤ ᠨᠠᠰᠤ ᠪᠠᠨ ᠦᠳᠡᠵᠦ ᠪᠠᠢᠬᠤ ᠪᠠᠷ ᠦᠯᠡᠳᠡᠭᠰᠡᠨ ᠵᠢᠭᠠᠬᠠᠨ ᠬᠤᠭᠤᠴᠠᠭᠠᠨ ᠳ᠋ᠠᠭᠠᠨ ᠴᠤ᠌ ᠭᠡᠰᠡᠨ ᠭᠡᠷ ᠪᠦᠯᠢ ᠲᠡᠢ ᠪᠠᠢᠵᠤ᠂ ᠥᠪᠡᠷ ᠦ᠋ᠨ ᠡᠷᠬᠡ ᠪᠡᠷ ᠠᠮᠢᠳᠤᠷᠠᠵᠤ ᠦᠵᠡᠭ ᠯᠡ ᠭᠡᠵᠦ
ᠲᠡᠭᠡᠭᠰᠡᠨ ᠬᠡᠷᠡᠭ ᠭᠡᠳ ᠬᠦᠦ ᠶ᠋ᠢᠨ ᠢ᠋ᠶ᠋ᠡᠨ ᠥᠭᠡᠳᠡ ᠡᠴᠡ ᠬᠠᠷᠠᠵᠤ᠂ ᠬᠠᠷᠠᠴᠠ ᠪᠠᠨ ᠲᠥᠪ ᠪᠣᠯᠭᠠᠭᠠᠳ ᠄
— ᠠᠪᠤ ᠨᠢ ᠴᠢᠮ᠎ᠠ ᠲᠠᠢ ᠠᠭᠤᠯᠵᠠᠬᠤ ᠪᠠᠢᠬᠤ ᠭᠡᠵᠦ ᠬᠡᠯᠡᠯ᠎ᠡ᠃ ᠡᠬᠡ ᠨᠢ ᠳᠠᠭᠤᠳᠠᠭᠤᠯᠤᠭᠰᠠᠨ ᠭᠡᠰᠡᠨ ᠴᠢᠮᠡᠭᠡ ᠢᠷᠡᠭᠰᠡᠨ ᠠᠲᠠᠯ᠎ᠠ ᠠᠪᠤ ᠨᠢ ᠴᠢᠮ᠎ᠠ ᠲᠠᠢ ᠠᠭᠤᠯᠵᠠᠨ᠎ᠠ ᠭᠡᠵᠦ ᠬᠡᠯᠡᠵᠦ ᠪᠠᠢᠭ᠎ᠠ ᠶ᠋ᠢ ᠰᠣᠨᠣᠰᠤᠭᠠᠳ ᠭᠠᠢᠬᠠᠰᠬᠢᠨ ᠬᠠᠷᠠᠲᠠᠯ᠎ᠠ᠄
— ᠡᠵᠡᠭᠦᠢ ᠬᠣᠢᠭᠤᠷ ᠴᠢᠨᠢ ᠬᠠᠨ ᠬᠦᠦ ᠭᠦᠶᠦᠭ ᠠᠭᠤᠷᠠᠭ ᠲᠤ᠌ ᠢᠷᠡᠭᠡᠳ ᠶᠠᠪᠤᠭᠰᠠᠨ ᠭᠡᠮᠡᠨ ᠰᠢᠨ᠎ᠡ ᠰᠣᠨᠢᠨ ᠳᠣᠭᠣᠯᠭᠠᠪᠠ᠃
— ᠬᠡᠵᠢᠶ᠎ᠡ ᠢᠷᠡᠪᠡ?
— ᠬᠡᠳᠦ ᠬᠣᠨᠣᠭ ᠤ᠋ᠨ ᠡᠮᠦᠨ᠎ᠡ ᠢᠷᠡᠭᠡᠳ ᠪᠤᠴᠠᠭᠰᠠᠨ᠂ ᠴᠢᠮ᠎ᠠ ᠲᠠᠢ ᠠᠭᠤᠯᠵᠠᠬᠤ ᠰᠠᠨ ᠭᠡᠵᠦ ᠬᠡᠯᠡᠭᠦᠯᠵᠦ ᠪᠠᠢᠭᠰᠠᠨ ᠭᠡᠵᠦ ᠨᠡᠮᠡᠵᠦ ᠬᠡᠯᠡᠯ᠎ᠡ ᠃ᠥᠭᠡᠳᠡᠢ ᠶ᠋ᠢᠨ ᠬᠦᠦ ᠬᠥᠶᠦᠭ ᠪᠣᠯ ᠮᠥᠩᠬᠡ ᠶ᠋ᠢᠨ ᠪᠠᠭ᠎ᠠ ᠨᠠᠰᠤ ᠲᠠᠢ ᠰᠠᠯᠤᠰᠢ ᠦᠭᠡᠢ ᠬᠣᠯᠪᠣᠭ᠎ᠠ ᠲᠠᠢ ᠠᠨᠳᠠ ᠨᠥᠬᠥᠷ᠂ ᠠᠬ᠎ᠠ ᠳᠡᠭᠦᠦ ᠪᠣᠯᠤᠭᠰᠠᠨ ᠨᠢᠭᠡᠨ᠃ ᠲᠡᠳᠡᠨ ᠦ᠌ ᠬᠣᠭᠣᠷᠣᠨᠳᠣ ᠪᠠᠨ ᠡᠪᠲᠡᠢ ᠨᠠᠢᠷᠲᠠᠢ ᠲᠣᠭᠯᠠᠵᠤ ᠨᠠᠭᠠᠳᠬᠤ ᠶ᠋ᠢ ᠬᠠᠭᠠᠨ ᠡᠵᠡᠨ ᠬᠦᠷᠲᠡᠯ᠎ᠡ ᠰᠡᠷᠡᠭᠦᠨ ᠠᠬᠤᠢ ᠳ᠋ᠠᠭᠠᠨ ᠬᠠᠷᠠᠭᠠᠳ ᠪᠠᠬᠠᠳᠤᠨ ᠪᠠᠢᠭᠰᠠᠨ ᠤᠳᠠᠭ᠎ᠠ ᠲᠠᠢ᠃ ᠡᠨᠡ ᠵᠠᠭᠤᠷ᠎ᠠ ᠳ᠋ᠤ᠌ ᠭᠠᠳᠠᠨ᠎ᠠ ᠠ᠋ᠴᠠ ᠲᠤᠯᠤᠢ ᠡᠵᠡᠨ ᠣᠷᠣᠵᠤ ᠢᠷᠡᠭᠡᠳ᠂ ᠬᠦᠦ ᠪᠡᠨ ᠢᠷᠡᠭᠰᠡᠨ ᠢ᠋ ᠬᠠᠷᠠᠨ ᠳᠥᠯᠭᠡᠬᠡᠨ ᠢᠨᠢᠶᠡᠮᠰᠦᠭᠯᠡᠵᠦ ᠄
— ᠦ᠂ ᠮᠢᠨᠦ ᠬᠦᠦ ᠢᠷᠡᠭᠰᠡᠨ ᠦᠦ ᠭᠡᠵᠦ ᠬᠡᠯᠡᠩᠭᠡᠨ ᠬᠣᠢᠮᠣᠷ ᠲᠤ᠌ ᠣᠴᠢᠵᠤ ᠰᠠᠭᠤᠯ᠎ᠠ᠃ ᠲᠤᠯᠤᠢ ᠦᠷᠭᠦᠭᠡᠨ ᠦ᠌ ᠬᠣᠢᠮᠣᠷ ᠠ᠋ᠴᠠ᠄
— ᠬᠦᠦ ᠮᠢᠨᠢ᠂ ᠬᠠᠲᠤᠨ ᠬᠦᠦ ᠬᠣᠶᠠᠷ ᠴᠢᠨᠢ ᠰᠠᠢᠨ ᠦᠦ? ᠭᠡᠵᠦ ᠠᠰᠠᠭᠤᠪᠠ᠃
— ᠲᠡᠳᠡ ᠰᠠᠢᠨ ᠪᠠᠢᠭ᠎ᠠ᠃ ᠬᠦᠦ ᠮᠢᠨᠢ ᠶᠡᠬᠡ ᠲᠣᠮᠣ ᠡᠷ᠎ᠡ ᠪᠣᠯᠵᠤ ᠪᠠᠢᠭ᠎ᠠ᠂ ᠡᠪᠦᠭᠡ ᠡᠴᠢᠭᠡ ᠲᠡᠢ ᠪᠡᠨ ᠠᠳᠠᠯᠢᠬᠠᠨ ᠪᠣᠯᠤᠭᠠᠳ ᠪᠠᠢᠨ᠎ᠠ ᠭᠡᠵᠦ ᠡᠵᠢ ᠨᠢ ᠬᠡᠯᠡᠳᠡᠭ ᠶᠦᠮ᠃ ᠨᠠᠳᠠ ᠴᠤ᠌ ᠲᠡᠭᠡᠵᠦ ᠬᠠᠷᠠᠭᠳᠠᠭᠠᠳ ᠪᠠᠢᠭ᠎ᠠ ᠭᠡᠵᠦ ᠬᠡᠯᠡᠭᠡᠳ ᠢᠨᠢᠶᠡᠮᠰᠦᠭᠯᠡᠪᠡ᠃ ᠲᠤᠯᠤᠢ ᠠᠴᠢ ᠶ᠋ᠢᠨ ᠢ᠋ᠶ᠋ᠡᠨ ᠥᠪᠡᠷ ᠲᠡᠢ ᠨᠢ ᠠᠳᠠᠯᠢᠬᠠᠨ ᠭᠡᠰᠡᠨ ᠶᠠᠷᠢᠶ᠎ᠠ ᠶ᠋ᠢ ᠰᠣᠨᠣᠰᠤᠭᠠᠳ ᠴᠢᠷᠠᠢ ᠳ᠋ᠤᠨᠢ ᠢᠨᠢᠶᠡᠮᠰᠦᠭᠯᠡᠯ ᠲᠣᠳᠣᠷᠠᠵᠤ᠂
— ᠨᠠᠮᠠᠶ᠋ᠢ᠂ ᠡᠪᠦᠭᠡ ᠪᠣᠯᠭᠠᠭᠰᠠᠨ ᠦᠷ᠎ᠡ ᠮᠢᠨᠢ ᠡᠪᠦᠭᠡ ᠡᠴᠢᠭᠡ ᠲᠡᠢ ᠪᠡᠨ ᠠᠳᠠᠯᠢᠬᠠᠨ ᠪᠠᠢᠬᠤ ᠠ᠋ᠴᠠ ᠶᠠᠭᠠᠬᠢᠬᠤ ᠪᠢᠯᠡ᠃ ᠠᠴᠢ ᠶ᠋ᠢᠨ ᠢ᠋ᠶ᠋ᠡᠨ ᠲᠤᠬᠠᠢ ᠮᠡᠳᠡᠭᠡ ᠰᠣᠨᠣᠰᠤᠭᠠᠳ ᠲᠤᠯᠤᠢ ᠡᠵᠡᠨ ᠦ᠌ ᠴᠢᠷᠠᠢ ᠳ᠋ᠤ᠌ ᠲᠣᠳᠣᠷᠠᠵᠤ ᠪᠠᠢᠭᠰᠠᠨ ᠢᠨᠢᠶᠡᠮᠰᠦᠭᠯᠡᠯ ᠠᠯᠭᠤᠷ ᠵᠠᠮᠬᠠᠷᠠᠨ᠄
— ᠮᠠᠷᠭᠠᠰᠢ ᠬᠠᠭᠠᠨ ᠠᠯᠲᠠᠨ ᠤᠯᠤᠰ ᠤᠷᠤᠭᠤ ᠶᠡᠬᠡ ᠴᠡᠷᠢᠭ ᠢ᠋ᠶ᠋ᠡᠨ ᠠᠪᠴᠤ ᠮᠣᠷᠳᠠᠬᠤ ᠪᠣᠯᠤᠯ᠎ᠠ᠃ ᠴᠢ ᠨᠠᠳᠠ ᠲᠠᠢ ᠬᠠᠮᠲᠤ ᠠᠯᠲᠠᠨ ᠤᠯᠤᠰ ᠲᠤ ᠶᠡᠬᠡ ᠴᠡᠷᠢᠭ ᠢ᠋ᠶ᠋ᠡᠨ ᠠᠪᠴᠤ ᠶᠠᠪᠤᠬᠤ ᠪᠣᠯᠤᠯ᠎ᠠ ᠭᠡᠵᠦ ᠬᠡᠯᠡᠪᠡ᠃ ᠮᠥᠩᠬᠡ ᠡᠨᠡ ᠮᠡᠳᠡᠭᠡ ᠶ᠋ᠢ ᠰᠣᠨᠣᠰᠤᠭᠠᠳ ᠠᠭᠤᠷᠠᠭ ᠤ᠋ᠨ ᠭᠠᠳᠠᠭ᠎ᠠ ᠬᠥᠯ ᠬᠥᠳᠡᠯᠭᠡᠭᠡᠨ ᠶᠡᠬᠡᠰᠦᠭᠰᠡᠨ ᠤᠴᠢᠷ ᠢ᠋ ᠰᠠᠶᠢ ᠣᠯᠪᠠ ᠪᠣᠯᠤᠯᠲᠠᠢ᠂ ᠡᠬᠡ ᠶ᠋ᠢᠨ ᠢ᠋ᠶ᠋ᠡᠨ ᠬᠠᠵᠠᠭᠤ ᠠ᠋ᠴᠠ ᠠᠷᠢᠭᠪᠥ᠋ᠬᠡ᠄
— ᠶᠠᠮᠠᠷ ᠰᠠᠢᠬᠠᠨ ᠬᠡᠷᠡᠭ ᠪᠣᠢ᠂ ᠮᠥᠩᠬᠡ ᠠᠬ᠎ᠠ ᠲᠡᠢᠨ ᠳ᠋ᠦ᠍ ᠶᠠᠪᠤᠬᠤ ᠭᠡᠵᠦ ᠪᠠᠢᠨ᠎ᠠ᠃ ᠪᠢ ᠴᠦ᠍ ᠭᠡᠰᠡᠨ ᠡᠷ᠎ᠡ ᠬᠥᠮᠦᠨ ᠪᠣᠯᠤᠭᠰᠠᠨ ᠤ᠋ ᠬᠡᠷᠡᠭ ᠢ᠋ ᠡᠮᠡᠭᠡᠯᠲᠦ ᠮᠣᠷᠢᠨ ᠳᠡᠭᠡᠷ᠎ᠡ ᠭᠠᠷᠭᠠᠬᠤ ᠰᠠᠨ ᠭᠡᠵᠦ ᠬᠡᠯᠡᠭᠡᠳ《ᠤᠤᠬᠠᠢ》 ᠭᠡᠮᠡᠨ ᠮᠣᠷᠢ ᠤᠨᠤᠨ ᠳᠠᠪᠬᠢᠵᠤ ᠪᠣᠢ ᠬᠥᠮᠦᠨ ᠪᠣᠯᠤᠨ ᠦᠷᠭᠦᠭᠡᠨ ᠳᠣᠲᠣᠷ᠎ᠠ ᠳᠡᠭᠳᠡᠨ ᠭᠦᠶᠦᠬᠦ ᠳ᠋ᠦ᠍ ᠰᠤᠷᠬᠠᠭᠲᠠᠨᠢ ᠬᠦᠦ ᠪᠡᠨ ᠲᠣᠮᠣᠭ᠎ᠠ ᠲᠠᠢ ᠪᠠᠢᠬᠤ ᠶ᠋ᠢ ᠰᠠᠨᠠᠭᠤᠯᠤᠨ᠎ᠠ᠃ ᠲᠤᠯᠤᠢ ᠦᠷᠭᠦᠯᠵᠢᠯᠡᠭᠦᠯᠦᠨ᠄
— ᠴᠢᠨᠦ ᠨᠠᠰᠤ ᠬᠣᠷᠢ ᠬᠦᠷᠦᠯ᠎ᠡ᠂ ᠴᠡᠷᠢᠭ ᠠᠬᠠᠯᠠᠨ ᠶᠠᠪᠤᠬᠤ ᠴᠠᠭ ᠨᠢᠭᠡᠨᠲᠡ ᠪᠣᠯᠤᠭᠰᠠᠨ ᠲᠤᠯᠠ ᠪᠢ ᠡᠵᠢ ᠲᠡᠢ ᠴᠢᠨᠢ ᠶᠠᠷᠢᠵᠤ ᠪᠠᠢᠭᠠᠳ ᠢᠩᠭᠢᠵᠦ ᠰᠢᠢᠳᠦᠯ᠎ᠡ᠃ ᠡᠵᠢ ᠴᠢᠨᠢ ᠬᠠᠲᠤᠨ ᠬᠥᠮᠦᠨ ᠦ᠌ ᠶᠣᠰᠣ ᠪᠠᠷ ᠬᠦᠦ ᠪᠡᠨ ᠴᠡᠷᠢᠭ ᠠᠬᠠᠯᠠᠭᠤᠯᠤᠨ ᠲᠡᠢᠨ ᠳ᠋ᠦ᠍ ᠶᠠᠪᠤᠭᠤᠯᠬᠤ ᠰᠢᠢᠳᠪᠦᠷᠢ ᠭᠠᠷᠭᠠᠭᠰᠠᠨ ᠢ᠋ ᠵᠥᠪᠰᠢᠶᠡᠷᠡᠵᠦ ᠪᠠᠢᠭ᠎ᠠ ᠴᠤ ᠡᠬᠡ ᠬᠥᠮᠦᠨ ᠦ᠌ ᠶᠣᠰᠣ ᠪᠠᠷ ᠰᠡᠳᠬᠢᠯ ᠨᠢ ᠵᠣᠪᠠᠭᠠᠳ ᠪᠠᠢᠬᠤ ᠰᠢᠭ᠋ ᠪᠠᠢᠨ᠎ᠠ ᠭᠡᠵᠦ ᠬᠡᠯᠡᠭᠡᠳ ᠰᠤᠷᠬᠠᠭᠲᠠᠨᠢ ᠶ᠋ᠢ ᠬᠠᠷᠠᠯ᠎ᠠ᠃ ᠮᠥᠩᠬᠡ ᠰᠠᠶᠢ ᠯᠠ ᠡᠬᠡ ᠨᠢ ᠳᠠᠭᠤᠳᠠᠭᠤᠯᠤᠭᠰᠠᠨ ᠬᠢᠷᠢ ᠨᠢ ᠣᠯᠢᠭᠲᠠᠢ ᠶᠠᠭᠤᠮ᠎ᠠ ᠶᠠᠷᠢᠯ ᠦᠭᠡᠢ ᠡᠴᠢᠭᠡ ᠲᠡᠢ ᠪᠡᠨ ᠠᠭᠤᠯᠵᠠ ᠭᠡᠵᠦ ᠬᠡᠯᠡᠭᠰᠡᠨ ᠢ᠋ ᠣᠢᠯᠠᠭᠠᠪᠠ᠃ ᠲᠤᠯᠤᠢ ᠦᠷᠭᠦᠯᠵᠢᠯᠡᠭᠦᠯᠦᠨ᠂
— ᠲᠡᠢᠨ ᠳᠣᠯᠣᠭᠠᠨ ᠭᠡᠳᠡᠭ ᠠᠮᠠᠷ ᠦᠭᠡᠢ᠃ ᠬᠡᠨ ᠬᠡᠨ ᠨᠢ ᠢᠯᠠᠬᠤ ᠶ᠋ᠢ ᠬᠦᠰᠡᠳᠡᠭ ᠬᠣᠶᠠᠷ ᠲᠠᠯ᠎ᠠ ᠠᠭᠤᠯᠵᠠᠳᠠᠭ᠃ ᠬᠦᠰᠡᠯ ᠭᠡᠳᠡᠭ ᠵᠢᠯᠣᠭᠣ ᠦᠭᠡᠢ᠃ ᠲᠡᠭᠦᠨ ᠦ᠌ ᠪᠡᠨ ᠠᠶᠠᠰ ᠢ᠋ᠶ᠋ᠠᠷ ᠶᠠᠪᠤᠬᠤ ᠶᠤᠮ ᠪᠣᠯ ᠠᠮᠵᠢᠯᠲᠠ ᠢᠷᠡᠬᠦ ᠦᠭᠡᠢ᠃ ᠬᠠᠷᠢᠨ ᠪᠣᠳᠣᠯ ᠭᠡᠳᠡᠭ ᠭᠦᠨ ᠭᠦᠨᠵᠡᠭᠡᠢ ᠲᠤᠯᠠ ᠲᠡᠭᠦᠨ ᠳ᠋ᠡᠭᠡᠨ ᠵᠠᠬᠢᠷᠤᠭᠳᠠᠵᠤ ᠰᠤᠷᠬᠤ ᠨᠢ ᠢᠯᠠᠯᠲᠠ ᠠᠪᠴᠤ ᠢᠷᠡᠬᠦ ᠶ᠋ᠢᠨ ᠦᠨᠳᠦᠰᠦ ᠲᠤᠯᠠ ᠰᠡᠳᠬᠢᠯ ᠢ᠋ᠶ᠋ᠡᠨ ᠪᠠᠷᠢᠵᠤ ᠪᠣᠳᠣᠯ ᠢ᠋ᠶ᠋ᠠᠨ ᠵᠢᠯᠣᠭᠣᠳᠴᠤ ᠶᠠᠪᠤᠭᠠᠷᠠᠢ ᠭᠡᠵᠦ ᠰᠤᠷᠭᠠᠮᠵᠢᠯᠠᠪᠠ᠃
ᠰᠤᠷᠬᠠᠭᠲᠠᠨᠢ ᠮᠥᠩᠬᠡ ᠬᠦᠦ ᠶ᠋ᠢᠨ ᠢ᠋ᠶ᠋ᠡᠨ ᠡᠴᠢᠭᠡ ᠲᠡᠢ ᠪᠡᠨ ᠠᠳᠠᠯᠢᠬᠠᠨ ᠬᠥᠩᠬᠥᠷ ᠨᠢᠳᠦ᠂ ᠥᠨᠳᠥᠷ ᠬᠠᠮᠠᠷ ᠢ᠋ ᠨᠢ ᠠᠵᠢᠭᠯᠠᠨ ᠬᠠᠷᠠᠵᠤ ᠪᠠᠢᠯ᠎ᠠ᠃ ᠬᠦᠦ ᠨᠢ ᠲᠡᠷᠡ ᠨᠢᠭᠡᠨ ᠴᠠᠭ ᠲᠤ ᠡᠪᠦᠭᠡ ᠡᠴᠢᠭᠡ ᠪᠡᠷ ᠢ᠋ᠶ᠋ᠡᠨ ᠡᠷᠡᠬᠡᠢ ᠪᠡᠨ ᠲᠣᠰᠣᠯᠠᠭᠤᠯᠵᠤ ᠪᠠᠢᠭᠰᠠᠨ ᠲᠣᠮᠣᠭ᠎ᠠ ᠦᠭᠡᠢ ᠵᠢᠭᠠᠯ᠂ ᠰᠥᠨᠢ ᠶ᠋ᠢᠨ ᠣᠳᠣᠳ ᠢ᠋ ᠬᠠᠷᠠᠨ ᠲᠩᠷᠢ ᠶᠠᠷᠢᠳᠠᠭ ᠤᠤ ᠭᠡᠵᠦ ᠠᠰᠠᠭᠤᠵᠤ ᠵᠣᠭᠰᠣᠭᠰᠠᠨ ᠭᠡᠨᠡᠨ ᠬᠦᠦ ᠠᠯᠢ ᠠᠯᠢᠨ ᠣᠳᠣ ᠪᠢᠰᠢ ᠪᠣᠯᠵᠠᠢ᠃
— ᠬᠦᠦ ᠮᠢᠨᠢ᠃ ᠬᠠᠭᠠᠨ ᠠᠬ᠎ᠠ ᠬᠠᠢᠷᠠᠲᠠᠢ ᠡᠴᠢᠭᠡ ᠪᠡᠨ ᠬᠠᠷᠠᠵᠤ ᠬᠠᠨᠳᠤᠬᠤ ᠴᠠᠭ ᠴᠢᠨᠢ ᠪᠣᠯᠤᠭᠰᠠᠨ ᠲᠤᠯᠠ ᠠᠪᠤ ᠡᠵᠢ ᠬᠣᠶᠠᠷ ᠴᠢᠨᠢ ᠢᠩᠭᠢᠵᠦ ᠰᠢᠢᠳᠦᠯ᠎ᠡ᠃
ᠵᠡᠪᠰᠡᠭ ᠪᠠᠷᠢᠨ ᠲᠡᠢᠨ ᠳ᠋ᠦ᠍ ᠣᠷᠣᠬᠤ ᠨᠢ ᠴᠡᠷᠢᠭ ᠤᠳᠤᠷᠢᠳᠤᠨ ᠳᠠᠢᠳᠤᠬᠤ ᠠ᠋ᠴᠠ ᠠᠮᠠᠷ ᠪᠠᠢᠳᠠᠭ᠃ ᠡᠨᠡ ᠤᠳᠠᠭ᠎ᠠ ᠳ᠋ᠤ᠌ ᠴᠢ ᠵᠡᠪᠰᠡᠭ ᠪᠠᠷᠢᠭᠰᠠᠨ ᠣᠯᠠᠨ ᠬᠥᠮᠦᠨ ᠢ᠋ ᠥᠪᠡᠷ ᠦ᠋ᠨ ᠤᠬᠠᠭᠠᠨ ᠢ᠋ᠶ᠋ᠠᠷ ᠵᠢᠯᠣᠭᠣᠳᠬᠤ ᠭᠡᠵᠦ ᠪᠠᠢᠨ᠎ᠠ᠃ ᠣᠶᠤᠨ ᠪᠣᠳᠣᠯ ᠳ᠋ᠤ᠌ ᠴᠢᠨᠢ ᠵᠠᠪᠰᠠᠷ ᠭᠠᠷᠬᠤ ᠤᠴᠢᠷ ᠦᠭᠡᠢ ᠲᠤᠯᠠ ᠶᠠᠮᠠᠷ ᠴᠤ ᠦᠶ᠎ᠡ ᠳ᠋ᠦ᠍ ᠰᠠᠭᠠᠲᠠᠨ ᠪᠦᠦ ᠠᠯᠭᠤᠷᠯᠠᠭᠠᠷᠠᠢ ᠭᠡᠮᠡᠨ ᠵᠠᠬᠢᠯ᠎ᠠ᠃
ᠥᠭᠡᠳᠡᠢ ᠬᠠᠭᠠᠨ ᠠᠯᠲᠠᠨ ᠤᠯᠤᠰ ᠢ᠋ ᠳᠠᠢᠯᠠᠬᠤ ᠪᠠᠷ ᠥᠪᠡᠷ ᠦ᠋ᠨ ᠪᠡᠶ᠎ᠡ ᠪᠡᠷ ᠶᠡᠬᠡ ᠴᠡᠷᠢᠭ ᠢ᠋ᠶ᠋ᠡᠨ ᠠᠪᠤᠨ ᠣᠳᠬᠤ ᠳ᠋ᠤ᠌ ᠪᠡᠯᠡᠨ ᠪᠣᠯᠵᠠᠢ᠃ ᠰᠤᠷᠬᠠᠭᠲᠠᠨᠢ ᠬᠠᠲᠤᠨ ᠤ᠋ ᠲᠣᠮᠣ ᠬᠦᠦ ᠮᠥᠩᠬᠡ ᠬᠣᠷᠢᠨ ᠨᠠᠰᠤ ᠬᠦᠷᠴᠦ ᠠᠪᠤ ᠶ᠋ᠢ ᠪᠡᠨ ᠳᠠᠭᠠᠨ ᠠᠶᠠᠨ ᠲᠡᠢᠨ ᠳ᠋ᠦ᠍ ᠮᠣᠷᠳᠠᠵᠤ ᠪᠣᠢ ᠲᠤᠯᠠ ᠡᠨᠡ ᠡᠳᠦᠷ ᠬᠠᠲᠤᠨ ᠥᠪᠡᠷ ᠦ᠋ᠨ ᠬᠠᠢᠷᠠᠲᠠᠢ ᠬᠣᠶᠠᠷ ᠬᠥᠮᠦᠨ ᠢ᠋ᠶ᠋ᠡᠨ ᠵᠡᠷᠭᠡ ᠦᠳᠡᠨ ᠶᠠᠪᠤᠭᠤᠯᠬᠤ ᠭᠡᠵᠦ ᠪᠠᠢᠪᠠ᠃ ᠮᠥᠩᠬᠡ ᠡᠴᠢᠭᠡ ᠶ᠋ᠢ ᠪᠡᠨ ᠳᠠᠭᠠᠨ ᠬᠡᠳᠦ ᠬᠡᠳᠦᠨ ᠳᠣᠯᠣᠭᠠᠨ ᠳ᠋ᠤ᠌ ᠣᠷᠣᠯᠴᠠᠵᠤ ᠪᠠᠢᠭᠰᠠᠨ ᠴᠤ ᠡᠨᠡ ᠤᠳᠠᠭᠠᠨ ᠤ᠋ ᠲᠡᠢᠨ ᠲᠡᠭᠦᠨ ᠦ᠌ ᠬᠤᠪᠢ ᠳ᠋ᠤ᠌ ᠥᠪᠡᠷ ᠦ᠋ᠨ ᠪᠡᠶ᠎ᠡ ᠪᠡᠷ ᠴᠡᠷᠢᠭ ᠤᠳᠤᠷᠢᠳᠤᠨ ᠶᠠᠪᠤᠵᠤ ᠪᠠᠢᠭ᠎ᠠ ᠠᠩᠬᠠᠨ ᠤ᠋ ᠳᠣᠯᠣᠭᠠᠨ ᠲᠤᠯᠠ ᠰᠡᠳᠬᠢᠯ ᠨᠢ ᠨᠡᠯᠢᠶᠡᠳ ᠬᠥᠳᠡᠯᠦᠭᠰᠡᠨ ᠪᠠᠢᠳᠠᠯ ᠲᠠᠢ ᠲᠤᠯᠤᠢ ᠶ᠋ᠢᠨ ᠬᠠᠵᠠᠭᠤ ᠳ᠋ᠤ᠌ ᠵᠣᠭᠰᠣᠨ᠎ᠠ᠃ ᠲᠡᠭᠦᠨ ᠦ᠌ ᠬᠠᠷᠠᠴᠠ ᠠ᠋ᠴᠠ ᠢᠳᠡᠷ ᠵᠠᠯᠠᠭᠤ ᠶ᠋ᠢᠨ ᠴᠣᠭ ᠵᠢᠪᠬᠤᠯᠠᠩ ᠢᠯᠡᠳᠲᠡ ᠭᠡᠷᠡᠯᠲᠦᠨ ᠪᠠᠢᠬᠤ ᠠᠭᠠᠳ ᠠᠯᠤᠰ ᠤ᠋ᠨ ᠠᠭᠤᠯᠠᠰ ᠤ᠋ᠨ ᠲᠣᠯᠣᠭᠠᠢ ᠰᠢᠷᠳᠡᠨ ᠪᠣᠳᠣᠯ ᠳ᠋ᠤ᠌ ᠠᠪᠲᠠᠵᠠᠢ᠃ ᠰᠤᠷᠬᠠᠭᠲᠠᠨᠢ ᠠᠶᠠᠨ ᠲᠡᠢᠨ ᠳ᠋ᠦ᠍ ᠬᠡᠵᠢᠶ᠎ᠡ ᠢᠷᠡᠬᠦ ᠨᠢ ᠮᠡᠳᠡᠭᠳᠡᠬᠦ ᠦᠭᠡᠢ ᠣᠳᠴᠤ᠂ ᠡᠰᠡᠨ ᠮᠡᠨᠳᠦ ᠡᠷᠭᠢᠨ ᠢᠷᠡᠬᠦ ᠳ᠋ᠦ᠍ᠨᠢ ᠪᠠᠶᠠᠷᠯᠠᠨ ᠤᠭᠲᠤᠬᠤ᠂ ᠬᠦᠯᠢᠶᠡᠨ ᠳᠣᠭᠳᠣᠯᠬᠤ ᠡᠳᠦᠷ ᠬᠣᠨᠣᠭ ᠤ᠋ᠳ ᠢ᠋ ᠠᠮᠢᠳᠤᠷᠠᠯ ᠤ᠋ᠨ ᠲᠤᠷᠰᠢᠲᠠ ᠲᠤᠭᠤᠯᠤᠨ ᠢᠷᠡᠭᠰᠡᠨ ᠬᠥᠮᠦᠨ ᠦ᠌ ᠬᠤᠪᠢ ᠪᠠᠷ ᠡᠷ᠎ᠡ ᠨᠥᠬᠥᠷ ᠢ᠋ᠶ᠋ᠡᠨ᠂ ᠬᠠᠢᠷᠠᠲᠠᠢ ᠬᠦᠦ ᠪᠡᠨ ᠦᠳᠡᠨ ᠮᠣᠷᠳᠠᠭᠤᠯᠵᠤ ᠪᠠᠢᠭ᠎ᠠ ᠨᠢ ᠡᠨᠡ᠃ ᠠᠷᠢᠭᠪᠥ᠋ᠬᠡ ᠬᠦᠦ ᠪᠡᠨ ᠬᠥᠲᠥᠯᠦᠨ ᠵᠣᠭᠰᠣᠬᠤ ᠰᠤᠷᠬᠠᠭᠲᠠᠨᠢ ᠬᠠᠲᠤᠨ ᠲᠤᠯᠤᠢ ᠮᠥᠩᠬᠡ ᠬᠣᠶᠠᠷ ᠢ᠋ ᠡᠭᠡᠯᠵᠢᠯᠡᠨ ᠬᠠᠷᠠᠨ᠎ᠠ᠃ ᠲᠤᠯᠤᠢ ᠡᠵᠡᠨ ᠢᠨᠢᠶᠡᠪᠬᠢᠯᠡᠭᠡᠳ᠄
— ᠵᠠ᠂ ᠲᠠ ᠨᠠᠷ ᠮᠢᠨᠢ ᠰᠠᠢᠨ ᠰᠠᠭᠤᠵᠤ ᠪᠠᠢᠭᠠᠷᠠᠢ ᠭᠡᠵᠦ ᠬᠡᠯᠡᠭᠡᠳ ᠮᠣᠷᠢᠨ ᠳ᠋ᠠᠭᠠᠨ ᠮᠣᠷᠳᠠᠬᠤ ᠭᠡᠲᠡᠯ᠎ᠡ ᠰᠤᠷᠬᠠᠭᠲᠠᠨᠢ ᠬᠠᠲᠤᠨ᠄
— ᠬᠦᠯᠢᠶᠡ ᠭᠡᠵᠦ ᠬᠡᠯᠡᠬᠦ ᠨᠢ ᠰᠣᠨᠣᠰᠲᠠᠯ᠎ᠠ᠂ ᠲᠤᠯᠤᠢ ᠡᠷᠭᠢᠨ ᠬᠠᠷᠠᠪᠠᠯ᠄
— ᠬᠦᠦ ᠪᠡᠨ ᠬᠠᠷᠠᠵᠤ ᠶᠠᠪᠤᠭᠠᠷᠠᠢ ᠭᠡᠵᠦ ᠰᠤᠷᠬᠠᠭᠲᠠᠨᠢ ᠵᠥᠭᠡᠯᠡᠨ ᠢ᠋ᠶ᠋ᠡᠷ ᠬᠡᠯᠡᠬᠦ ᠳ᠋ᠦ᠍ ᠨᠢᠳᠦᠨ ᠳ᠋ᠦ᠍ᠨᠢ ᠨᠢᠯᠪᠤᠰᠤ ᠴᠢᠢᠯᠡᠭᠡᠨᠡᠭᠰᠡᠨ ᠬᠠᠷᠠᠭᠳᠠᠯ᠎ᠠ᠃ ᠲᠤᠯᠤᠢ ᠪᠤᠴᠠᠨ ᠢᠷᠡᠵᠦ ᠡᠬᠡ ᠶ᠋ᠢᠨ ᠢ᠋ᠶ᠋ᠡᠨ ᠭᠠᠷ ᠠ᠋ᠴᠠ ᠬᠥᠲᠥᠯᠦᠨ ᠵᠣᠭᠰᠣᠬᠤ ᠠᠷᠢᠭᠪᠥ᠋ᠬᠡ ᠬᠦᠦ ᠶ᠋ᠢᠨ ᠢ᠋ᠶ᠋ᠡᠨ ᠨᠢᠭᠡ ᠬᠠᠴᠠᠷ ᠢ᠋ ᠦᠨᠦᠰᠦᠭᠡᠳ᠄
— ᠠᠪᠤ ᠨᠢ ᠢᠷᠡᠬᠦ ᠳ᠋ᠡᠭᠡᠨ ᠨᠥᠭᠦᠭᠡ ᠬᠠᠴᠠᠷ ᠢ᠋ ᠨᠢ ᠦᠨᠦᠰᠦᠨ᠎ᠡ ᠭᠡᠵᠦ ᠬᠡᠯᠡᠭᠡᠳ ᠬᠠᠲᠤᠨ ᠢ᠋ᠶ᠋ᠠᠨ ᠬᠠᠷᠠᠨ᠄
— ᠬᠦᠦ ᠪᠢᠳᠡ ᠬᠣᠶᠠᠷ ᠲᠤ ᠰᠠᠨᠠᠭ᠎ᠠ ᠵᠣᠪᠠᠬᠤ ᠬᠡᠷᠡᠭ ᠦᠭᠡᠢ᠂ ᠬᠠᠷᠢᠨ ᠲᠠ ᠨᠠᠷ ᠮᠢᠨᠢ ᠯᠡ ᠰᠠᠢᠨ ᠰᠠᠭᠤᠵᠤ ᠪᠠᠢᠭᠠᠷᠠᠢ ᠭᠡᠳ ᠡᠷᠭᠢᠵᠦ ᠮᠣᠷᠢᠨ ᠳ᠋ᠠᠭᠠᠨ ᠮᠣᠷᠳᠠᠯ᠎ᠠ᠃ ᠤᠳᠠᠯ ᠦᠭᠡᠢ ᠬᠤᠪᠢᠯᠠᠢ᠂ ᠬᠦᠯᠡᠬᠦ ᠬᠣᠶᠠᠷ ᠲᠡᠳᠡᠨ ᠳᠡᠭᠡᠷ᠎ᠡ ᠬᠦᠷᠴᠦ ᠢᠷᠡᠯ᠎ᠡ᠃ ᠲᠤᠯᠤᠢ ᠬᠥᠪᠡᠭᠦᠳ ᠢ᠋ᠶ᠋ᠡᠨ ᠪᠠᠬᠠᠳᠤᠯ ᠲᠠᠢ ᠪᠠᠷ ᠬᠠᠷᠠᠬᠤ ᠠᠵᠢ᠃
— ᠮᠢᠨᠦ ᠬᠡᠦᠬᠡᠳ ᠦ᠋ᠳ ᠡᠳᠦᠭᠡ ᠲᠣᠮᠣ ᠡᠷᠡᠰ ᠪᠣᠯᠵᠠᠢ᠃ ᠠᠪᠤ ᠨᠢ ᠲᠠ ᠨᠠᠷ ᠢ᠋ᠶ᠋ᠠᠷ ᠪᠠᠬᠠᠷᠬᠠᠵᠤ ᠶᠠᠪᠤᠨ᠎ᠠ᠃ ᠬᠠᠲᠤᠨ ᠡᠬᠡ ᠶ᠋ᠢᠨ ᠢ᠋ᠶ᠋ᠡᠨ ᠦᠭᠡ ᠶ᠋ᠢ ᠠᠪᠴᠤ᠂ ᠶᠡᠬᠡ ᠠᠭᠤᠷᠠᠭ ᠢ᠋ᠶ᠋ᠠᠨ ᠰᠠᠬᠢᠨ ᠬᠠᠮᠠᠭᠠᠯᠠᠵᠤ ᠰᠠᠭᠤᠭᠠᠷᠠᠢ ᠭᠡᠵᠦ ᠬᠡᠯᠡᠭᠡᠳ ᠴᠠᠭᠠᠨ ᠰᠢᠲᠦ ᠪᠡᠨ ᠢᠷᠠᠯᠵᠠᠭᠤᠯᠤᠨ ᠢᠨᠢᠶᠡᠪᠡ᠃
ᠲᠤᠯᠤᠢ ᠡᠳᠦᠭᠡ ᠳᠥᠴᠢ ᠡᠷᠭᠢᠮ᠎ᠡ ᠨᠠᠰᠤᠨ ᠤ᠋ ᠢᠳᠡᠷ ᠡᠷ᠎ᠡ ᠪᠣᠯᠵᠠᠢ᠃ ᠡᠴᠢᠭᠡ ᠶ᠋ᠢᠨ ᠢ᠋ᠶ᠋ᠡᠨ ᠠᠳᠠᠯᠢ ᠡᠮᠡᠭᠡᠯᠲᠦ ᠮᠣᠷᠢᠨ ᠳᠡᠭᠡᠷ᠎ᠡ ᠥᠩᠭᠡᠷᠡᠭᠦᠯᠦᠭᠰᠡᠨ ᠲᠡᠭᠦᠨ ᠦ᠌ ᠵᠠᠯᠠᠭᠤ ᠨᠠᠰᠤ᠂ ᠳᠤᠬᠤᠨ ᠳ᠋ᠤᠨᠢ ᠲᠣᠳᠣ ᠳᠤᠷᠠᠰᠤᠮᠵᠢ ᠪᠠᠨ ᠦᠯᠡᠳᠡᠭᠡᠭᠡᠳ ᠣᠳᠤᠭᠰᠠᠨ ᠭᠡᠯᠲᠡᠢ ᠭᠠᠭᠴᠠ ᠬᠣᠶᠠᠷ ᠭᠦᠨ ᠦᠷᠴᠢᠯᠡᠭᠡᠰᠦ ᠰᠡᠭᠦᠳᠡᠷᠲᠦᠨ ᠬᠠᠷᠠᠭᠳᠠᠨ᠎ᠠ᠃
— ᠡᠵᠢ ᠮᠢᠨᠢ᠂ ᠰᠠᠢᠨ ᠰᠠᠭᠤᠵᠤ ᠪᠠᠢᠭᠠᠷᠠᠢ ᠭᠡᠭᠰᠡᠭᠡᠷ ᠮᠥᠩᠬᠡ ᠡᠬᠡ ᠳ᠋ᠡᠭᠡᠨ ᠣᠢᠷᠠᠲᠤᠨ ᠢᠷᠡᠯ᠎ᠡ᠃ ᠰᠤᠷᠬᠠᠭᠲᠠᠨᠢ ᠬᠦᠦ ᠶ᠋ᠢᠨ ᠢ᠋ᠶ᠋ᠡᠨ ᠳᠤᠬᠤᠨ ᠳᠡᠭᠡᠷ᠎ᠡ ᠨᠢ ᠦᠨᠦᠰᠦᠭᠡᠳ᠄
— ᠮᠢᠨᠦ ᠬᠦᠦ ᠰᠠᠢᠨ ᠶᠠᠪᠤᠭᠠᠳ ᠢᠷᠡᠭᠡᠷᠡᠢ᠂ ᠠᠪᠤ ᠶ᠋ᠢ ᠪᠡᠨ ᠬᠠᠷᠠᠵᠤ᠂ ᠬᠠᠯᠠᠮᠵᠢᠯᠠᠵᠤ ᠶᠠᠪᠤᠭᠠᠷᠠᠢ ᠭᠡᠵᠦ ᠬᠡᠯᠡᠯ᠎ᠡ᠃
— ᠡᠵᠢ ᠮᠢᠨᠢ ᠲᠠ ᠰᠠᠨᠠᠭ᠎ᠠ ᠠᠮᠤᠷ ᠪᠠᠢ᠂ ᠲᠠᠨ ᠤ᠋ ᠪᠠᠨ ᠬᠡᠯᠡᠭᠰᠡᠨ ᠢ᠋ᠶ᠋ᠡᠷ ᠪᠢ ᠠᠪᠤ ᠶ᠋ᠢ ᠪᠡᠨ ᠰᠠᠢᠨ ᠬᠠᠷᠠᠵᠤ ᠶᠠᠪᠤᠭᠠᠳ ᠢᠷᠡᠬᠦ ᠪᠣᠯᠤᠨ᠎ᠠ ᠭᠡᠪᠡ᠃ ᠰᠤᠷᠬᠠᠭᠲᠠᠨᠢ ᠰᠠᠨᠠᠭ᠎ᠠ ᠨᠢ ᠵᠣᠪᠠᠨᠢᠩᠭᠤᠢ ᠪᠠᠢᠭ᠎ᠠ ᠨᠢ ᠢᠯᠡᠳᠲᠡ᠂
— ᠠᠮᠢ ᠭᠡᠳᠡᠭ ᠪᠥᠬᠡ ᠪᠠᠲᠤ ᠬᠡᠷᠡᠮ ᠴᠦ᠍ ᠲᠠᠰᠤᠷᠠᠨ ᠣᠳᠬᠤ ᠨᠢ ᠠᠮᠠᠷᠬᠠᠨ ᠤᠲᠠᠰᠤ ᠪᠢᠯᠡ᠃ ᠠᠯᠲᠠᠨ ᠠᠮᠢ ᠪᠠᠨ ᠬᠠᠢᠷᠠᠯᠠᠨ ᠬᠠᠮᠠᠭᠠᠯᠠᠵᠤ᠂ ᠠᠯᠳᠠᠷ ᠰᠤᠤ ᠪᠠᠨ ᠡᠷᠭᠦᠭᠡᠳ ᠢᠷᠡᠭᠡᠷᠡᠢ ᠬᠦᠦ ᠮᠢᠨᠢ ᠭᠡᠵᠦ ᠵᠠᠬᠢᠨ᠂ ᠨᠢᠭᠡ ᠬᠠᠴᠠᠷ ᠢ᠋ ᠨᠢ ᠦᠨᠦᠰᠦᠯ᠎ᠡ᠃ ᠠᠯᠢ ᠬᠡᠳᠦᠢᠨ ᠮᠣᠷᠢᠨ ᠳ᠋ᠠᠭᠠᠨ ᠮᠣᠷᠳᠠᠭᠰᠠᠨ ᠲᠤᠯᠤᠢ᠄
— ᠬᠦᠦ ᠮᠢᠨᠢ᠂ ᠴᠢ ᠴᠢᠨᠢ ᠥᠯᠥᠭᠡᠢ ᠡᠴᠡ ᠪᠡᠨ ᠭᠠᠷᠤᠭ᠎ᠠ ᠦᠭᠡᠢ ᠪᠠᠯᠴᠢᠷ ᠬᠡᠦᠬᠡᠳ ᠰᠢᠭ ᠡᠵᠢ ᠡᠴᠡ ᠪᠡᠨ ᠰᠠᠯᠵᠤ ᠥᠭᠬᠦ ᠦᠭᠡᠢ ᠪᠠᠢᠬᠤ ᠴᠢᠨᠢ᠂ ᠶᠠᠪᠤᠬᠤ ᠴᠠᠭ ᠪᠣᠯᠤᠯ᠎ᠠ ᠭᠡᠵᠦ ᠰᠠᠨᠠᠭᠤᠯᠪᠠ᠃
ᠮᠥᠩᠬᠡ ᠮᠣᠷᠢᠨ ᠳ᠋ᠠᠭᠠᠨ ᠮᠣᠷᠳᠠᠬᠤ ᠳ᠋ᠤ᠌ ᠰᠤᠷᠬᠠᠭᠲᠠᠨᠢ ᠬᠦᠦ ᠳ᠋ᠡᠭᠡᠨ ᠵᠢᠵᠢᠭᠬᠡᠨ ᠤᠭᠤᠲᠠ ᠲᠠᠢ ᠵᠦᠢᠯ ᠥᠭᠭᠦᠯ᠎ᠡ᠃
— ᠡᠵᠢ ᠨᠢ ᠤᠰᠤ ᠪᠠᠨ ᠠᠷᠪᠠᠢ ᠳ᠋ᠤ᠌ ᠪᠠᠭᠰᠠᠷᠠᠭᠠᠳ ᠡᠨᠳᠡ ᠬᠢᠭᠰᠡᠨ ᠪᠠᠢᠭ᠎ᠠ᠂ ᠬᠠᠯᠠᠭᠤᠷᠠᠵᠤ ᠪᠦᠯᠢᠶᠡᠷᠡᠨ ᠡᠪᠡᠳᠴᠢᠨ ᠡᠭᠡᠷᠡᠪᠡᠯ ᠡᠮ ᠪᠣᠯᠤᠨ᠎ᠠ ᠭᠡᠪᠡ᠃
ᠡᠴᠢᠭᠡ ᠬᠦᠦ ᠬᠣᠶᠠᠷ ᠶᠠᠪᠤᠬᠤ ᠳ᠋ᠤ᠌ ᠪᠡᠯᠡᠨ ᠪᠣᠯᠵᠠᠢ᠃ ᠲᠡᠳᠡ ᠡᠩᠨᠡᠨ ᠵᠣᠭᠰᠣᠭᠰᠠᠨ ᠴᠡᠷᠢᠭ ᠢ᠋ᠶ᠋ᠡᠨ ᠬᠥᠳᠡᠯᠭᠡᠨ ᠬᠠᠭᠠᠨ ᠡᠵᠡᠨ ᠦ᠌ ᠶᠡᠬᠡ ᠴᠡᠷᠢᠭ ᠦ᠋ᠨ ᠵᠦᠭ ᠣᠳᠴᠤ᠂ ᠰᠤᠷᠬᠠᠭᠲᠠᠨᠢ ᠲᠡᠳᠡᠨ ᠦ᠌ ᠠᠷᠤ ᠠ᠋ᠴᠠ ᠨᠢ ᠰᠦ ᠡᠷᠭᠦᠨ ᠥᠲᠡᠯ᠎ᠡ᠃ ᠡᠬᠡ ᠶ᠋ᠢᠨ ᠢ᠋ᠶ᠋ᠡᠨ ᠳᠡᠷᠭᠡᠳᠡ ᠵᠣᠭᠰᠣᠵᠤ ᠪᠠᠢᠭᠰᠠᠨ ᠪᠠᠭ᠎ᠠ ᠬᠦᠦ ᠠᠷᠢᠭᠪᠥ᠋ᠬᠡ᠂
— ᠡᠵᠢ ᠠ᠋᠂ ᠠᠪᠤ᠂ ᠠᠬ᠎ᠠ ᠬᠣᠶᠠᠷ ᠬᠡᠵᠢᠶ᠎ᠡ ᠢᠷᠡᠬᠦ ᠪᠣᠢ ᠭᠡᠵᠦ ᠠᠰᠠᠭᠤᠬᠤ ᠳ᠋ᠤ᠌ ᠲᠡᠷᠡ᠄
— ᠤᠳᠠᠬᠤ ᠦᠭᠡᠢ ᠢᠷᠡᠨ᠎ᠡ᠂ ᠦᠷ᠎ᠡ ᠮᠢᠨᠢ ᠭᠡᠵᠦ ᠬᠡᠵᠢᠶ᠎ᠡ ᠢᠷᠡᠬᠦ ᠶ᠋ᠢ ᠨᠢ ᠶᠠᠪ ᠳᠠᠪ ᠮᠡᠳᠡᠵᠦ ᠪᠠᠢᠭ᠎ᠠ ᠬᠥᠮᠦᠨ ᠰᠢᠭ ᠬᠡᠯᠡᠭᠡᠳ ᠬᠦᠦ ᠶ᠋ᠢᠨ ᠢ᠋ᠶ᠋ᠡᠨ ᠳᠤᠬᠤ ᠶ᠋ᠢ ᠦᠨᠦᠷᠯᠡᠨ《ᠬᠠᠨᠢ ᠨᠥᠬᠥᠷ᠂ ᠬᠠᠢᠷᠠᠲᠠᠢ ᠦᠷ᠎ᠡ ᠶ᠋ᠢᠨ ᠮᠢᠨᠢ ᠵᠠᠮ ᠢ᠋ ᠭᠡᠷᠡᠯᠲᠦᠭᠦᠯᠵᠦ᠂ ᠬᠠᠷᠪᠤᠨ ᠢᠷᠡᠬᠦ ᠳᠠᠢᠰᠤᠨ ᠠ᠋ᠴᠠ ᠠᠮᠢ ᠶᠠᠭᠤ ᠶ᠋ᠢ ᠨᠢ ᠬᠠᠯᠬᠠᠯᠠᠨ᠂ ᠠᠪᠤᠷᠠᠨ ᠬᠠᠮᠠᠭᠠᠯᠠᠵᠤ ᠶᠠᠪᠤᠭᠠᠷᠠᠢ》 ᠭᠡᠳ ᠮᠥᠩᠬᠡ ᠬᠥᠬᠡ ᠲᠩᠷᠢ ᠳ᠋ᠡᠭᠡᠨ ᠰᠥᠰᠥᠯᠡᠨ ᠵᠠᠯᠪᠠᠷᠢᠯ᠎ᠠ᠃ ᠶᠡᠬᠡ ᠴᠡᠷᠢᠭ ᠦ᠋ᠨ ᠲᠣᠭᠣᠰᠣ ᠲᠡᠷᠲᠡᠭᠡ ᠠᠭᠤᠯᠠ ᠶ᠋ᠢᠨ ᠴᠠᠭᠠᠭᠤᠷ ᠳᠠᠯᠳᠢᠷᠠᠨ ᠣᠳᠤᠭᠰᠠᠨ ᠬᠣᠢᠨ᠎ᠠ ᠲᠡᠳᠡ ᠦᠷᠭᠦᠭᠡᠨ ᠳ᠋ᠡᠭᠡᠨ ᠣᠷᠣᠯ᠎ᠠ᠃
ᠬᠠᠨᠢ ᠨᠥᠬᠥᠷ ᠲᠤᠯᠤᠢ᠂ ᠬᠠᠢᠷᠠᠲᠠᠢ ᠬᠦᠦ ᠮᠥᠩᠬᠡ ᠬᠣᠶᠠᠷ ᠢ᠋ᠶ᠋ᠠᠨ ᠠᠯᠤᠰ ᠲᠤ ᠦᠳᠡᠵᠦ ᠶᠠᠪᠤᠭᠤᠯᠤᠭᠰᠠᠨ ᠤ᠋ ᠳᠠᠷᠠᠭ᠎ᠠ ᠥᠭᠡᠳᠡᠢ ᠬᠠᠭᠠᠨ ᠤ᠋ ᠵᠠᠷᠯᠢᠭ ᠢ᠋ᠶ᠋ᠠᠷ ᠰᠤᠷᠬᠠᠭᠲᠠᠨᠢ ᠠᠭᠤᠷᠠᠭ ᠤ᠋ᠨ ᠬᠡᠷᠡᠭ ᠢ᠋ ᠡᠷᠬᠢᠯᠡᠨ ᠶᠠᠪᠤᠭᠤᠯᠵᠤ ᠦᠯᠡᠳᠡᠪᠡ᠃ ᠬᠠᠮᠤᠭ ᠠ᠋ᠴᠠ ᠬᠠᠢᠷᠠᠲᠠᠢ ᠬᠣᠶᠠᠷ ᠬᠥᠮᠦᠨ ᠢ᠋ᠶ᠋ᠡᠨ ᠦᠳᠡᠨ ᠶᠠᠪᠤᠭᠤᠯᠤᠭᠰᠠᠨ ᠬᠠᠲᠤᠨ ᠤ᠋ ᠰᠡᠳᠬᠢᠯ ᠴᠢᠯᠡᠬᠦ ᠨᠢ ᠶᠡᠬᠡ᠃ ᠭᠡᠪᠡᠴᠦ ᠲᠠᠯ᠎ᠠ ᠨᠤᠲᠤᠭ ᠢ᠋ᠶ᠋ᠠᠷ ᠳᠣᠪᠲᠣᠯᠤᠨ ᠢᠷᠡᠬᠦ ᠡᠯᠴᠢ ᠶ᠋ᠢᠨ ᠠᠮᠠᠨ ᠠ᠋ᠴᠠ ᠴᠠᠭ ᠠᠯᠳᠠᠯ ᠦᠭᠡᠢ ᠰᠣᠨᠣᠰᠬᠤ ᠪᠠᠶᠠᠷᠲᠤ ᠮᠡᠳᠡᠭᠡ ᠲᠠᠢᠪᠤᠰᠢᠷᠠᠯ ᠢ᠋ ᠠᠪᠴᠢᠷᠠᠨ᠎ᠠ᠃ ᠡᠳᠦᠷ ᠬᠣᠨᠣᠭ ᠠᠷᠤ ᠠᠷᠤ ᠠ᠋ᠴᠠ ᠪᠠᠨ ᠬᠦᠪᠦᠷᠡᠨ ᠣᠳᠴᠤ᠂ ᠨᠢᠭᠡ ᠨᠢᠭᠡ ᠪᠡᠷ ᠢᠷᠡᠨ ᠪᠠᠢᠭ᠎ᠠ ᠬᠠᠭᠠᠨ ᠡᠵᠡᠨ ᠦ᠌ ᠢᠯᠠᠯᠲᠠ ᠶ᠋ᠢᠨ ᠲᠤᠬᠠᠢ ᠰᠠᠢᠬᠠᠨ ᠮᠡᠳᠡᠭᠡ ᠶ᠋ᠢ ᠰᠣᠨᠣᠰᠴᠤ ᠳᠣᠭᠣᠯᠤᠭᠰᠠᠭᠠᠷ ᠨᠢᠭᠡ ᠵᠢᠯ ᠦ᠋ᠨ ᠬᠤᠭᠤᠴᠠᠭ᠎ᠠ ᠥᠩᠭᠡᠷᠡᠭᠰᠡᠨ ᠪᠠᠢᠯ᠎ᠠ᠃
— ᠡᠯᠴᠢ ᠢᠷᠡᠯ᠎ᠡ ᠭᠡᠬᠦ ᠳᠠᠭᠤ ᠶᠡᠬᠡ ᠠᠭᠤᠷᠠᠭ ᠳᠠᠶᠠᠭᠠᠷ ᠴᠤᠤᠷᠢᠶᠠᠲᠤᠬᠤ ᠳ᠋ᠤ᠌ ᠰᠤᠷᠬᠠᠭᠲᠠᠨᠢ ᠬᠠᠲᠤᠨ ᠬᠤᠪᠢᠯᠠᠢ᠂ ᠬᠦᠯᠡᠬᠦ ᠬᠣᠶᠠᠷ ᠬᠦᠦ ᠶ᠋ᠢᠨ ᠢ᠋ᠶ᠋ᠡᠨ ᠬᠠᠮᠲᠤ ᠪᠠᠷ ᠦᠷᠭᠦᠭᠡᠨ ᠡᠴᠡ ᠪᠡᠨ ᠭᠠᠷᠴᠤ ᠢᠷᠡᠯ᠎ᠡ᠃ ᠡᠨᠡ ᠦᠶ᠎ᠡ ᠳ᠋ᠦ᠍ ᠬᠤᠪᠢᠯᠠᠢ ᠠᠷᠪᠠᠨ ᠳᠣᠯᠣᠭᠠᠨ ᠨᠠᠰᠤ ᠬᠦᠷᠴᠦ᠂ ᠬᠥᠯᠡᠬᠦ ᠠᠷᠪᠠᠨ ᠲᠠᠪᠤᠨ ᠨᠠᠰᠤᠲᠠᠢ ᠪᠣᠯᠤᠭᠰᠠᠨ ᠪᠠᠢᠯ᠎ᠠ᠃
ᠠᠯᠤᠰ ᠠᠴᠠ ᠬᠡᠳᠦᠨ ᠮᠣᠷᠢᠲᠤ ᠴᠡᠷᠢᠭ ᠢᠷᠡᠵᠦ ᠶᠠᠪᠤᠬᠤ ᠶ᠋ᠢ ᠬᠠᠷᠠᠭᠰᠠᠨ ᠬᠦᠯᠡᠬᠦ᠄
— ᠬᠠᠲᠤᠨ ᠡᠬᠡ ᠮᠢᠨᠢ᠂ ᠠᠯᠤᠰ ᠠ᠋ᠴᠠ ᠴᠡᠷᠢᠭ ᠦ᠋ᠳ ᠢᠷᠡᠵᠦ ᠶᠠᠪᠤᠨ᠎ᠠ᠃ ᠠᠪᠤ ᠮᠢᠨᠢ ᠢᠷᠡᠵᠦ ᠪᠠᠢᠭ᠎ᠠ ᠶᠤᠮ ᠪᠢᠰᠢ ᠪᠢᠵᠡ?
ᠬᠤᠪᠢᠯᠠᠢ ᠡᠬᠡ ᠶ᠋ᠢᠨ ᠢ᠋ᠶ᠋ᠡᠨ ᠡᠮᠦᠨ᠎ᠡ ᠡᠴᠡ ᠳᠡᠭᠦᠦ ᠳ᠋ᠡᠭᠡᠨ ᠬᠠᠷᠢᠭᠤᠯᠲᠠ ᠥᠭᠭᠦᠯ᠎ᠡ᠃ ᠲᠡᠷᠡ ᠠᠪᠤ ᠶ᠋ᠢᠨ ᠢ᠋ᠶ᠋ᠡᠨ ᠥᠨᠳᠥᠷᠳᠡᠭᠦᠦ ᠬᠠᠮᠠᠷ᠂ ᠬᠥᠩᠬᠥᠷ ᠨᠢᠳᠦ ᠶ᠋ᠢ ᠪᠤᠰᠤ ᠬᠠᠷᠢᠨ ᠡᠪᠦᠭᠡ ᠡᠴᠢᠭᠡ ᠶ᠋ᠢᠨ ᠦ᠌ ᠣᠨᠢᠭᠠᠷ ᠨᠢᠳᠦ᠂ ᠰᠢᠷᠠᠪᠲᠤᠷ ᠴᠢᠷᠠᠢ ᠶ᠋ᠢ ᠳᠠᠭᠤᠷᠢᠶᠠᠵᠠᠢ᠃
— ᠠᠪᠤ ᠮᠢᠨᠢ ᠢᠷᠡᠵᠦ ᠪᠠᠢᠭ᠎ᠠ ᠪᠣᠯ ᠠᠯᠤᠰ ᠠ᠋ᠴᠠ ᠶᠠᠭᠠᠷᠠᠨ ᠳᠠᠪᠬᠢᠬᠤ ᠶ᠋ᠢᠨ ᠤᠴᠢᠷ ᠶᠠᠭᠤ ᠪᠢᠯᠡ? ᠬᠡᠯᠡ ᠳᠣᠭᠣᠯᠭᠠᠬᠤ ᠡᠯᠴᠢ ᠢᠷᠡᠵᠦ ᠶᠠᠪᠤᠭ᠎ᠠ ᠪᠣᠯᠤᠯᠲᠠᠢ᠃
ᠦᠷᠭᠦᠭᠡᠨ ᠳ᠋ᠡᠭᠡᠨ ᠣᠷᠣᠵᠤ ᠬᠦᠯᠢᠶᠡᠶ᠎ᠡ ᠭᠡᠵᠦ ᠬᠡᠯᠡᠬᠦ ᠳ᠋ᠦ᠍ ᠬᠠᠲᠤᠨ ᠡᠬᠡ ᠨᠢ ᠄
— ᠠᠯᠤᠰ ᠠ᠋ᠴᠠ ᠢᠷᠡᠭᠰᠡᠨ ᠬᠥᠮᠦᠰ ᠢ᠋ ᠡᠨᠳᠡ ᠪᠡᠨ ᠲᠣᠰᠣᠨ ᠠᠪᠤᠶ᠎ᠠ᠂ ᠬᠡᠯᠡ ᠴᠢᠮᠡᠭᠡ ᠳᠣᠭᠣᠯᠭᠠᠬᠤ ᠪᠠᠷ ᠬᠤᠷᠳᠤᠯᠠᠨ ᠶᠠᠪᠤᠭ᠎ᠠ ᠨᠢ ᠢᠯᠡᠳᠲᠡ ᠪᠠᠢᠨ᠎ᠠ ᠭᠡᠯᠡ᠃ ᠲᠡᠳᠡ ᠴᠡᠷᠢᠭ ᠦ᠋ᠳ ᠢ᠋ ᠬᠦᠯᠢᠶᠡᠨ ᠵᠣᠭᠰᠣᠯ᠎ᠠ᠃
ᠮᠣᠩᠭᠣᠯ ᠤ᠋ᠨ ᠲᠠᠯ᠎ᠠ ᠳ᠋ᠤ᠌ ᠣᠯᠠᠨ ᠵᠦᠢᠯ ᠥᠭᠡᠷᠡᠴᠢᠯᠡᠭᠳᠡᠵᠦ᠂ ᠶᠡᠬᠡ ᠡᠵᠡᠨ ᠬᠠᠭᠠᠨ ᠤ᠋ ᠪᠠᠢᠭᠤᠯᠵᠤ ᠪᠠᠢᠭᠰᠠᠨ ᠤᠯᠤᠰ ᠤᠯᠠᠮ ᠪᠦᠷ ᠳᠡᠯᠡᠭᠰᠡᠭᠡᠷ᠂ ᠠᠯᠲᠠᠨ ᠤᠯᠤᠰ ᠲᠤ᠌ ᠳᠠᠢᠳᠤᠵᠤ ᠶᠠᠪᠤᠭ᠎ᠠ ᠥᠭᠡᠳᠡᠢ ᠬᠠᠭᠠᠨ᠂ ᠶᠡᠬᠡ ᠬᠠᠭᠠᠨ ᠤ᠋ ᠴᠡᠷᠢᠭ ᠦ᠋ᠳ ᠦ᠋ᠨ ᠲᠤᠬᠠᠢ ᠮᠡᠳᠡᠭᠡ ᠡᠬᠡ ᠨᠤᠲᠤᠭ ᠲᠤᠨᠢ ᠰᠢᠭᠤᠷᠬᠠᠢᠯᠠᠨ ᠢᠷᠡᠨ᠎ᠡ᠃
ᠲᠡᠩᠬᠡᠭᠡᠲᠦ ᠮᠣᠷᠢᠨ ᠤ᠋ ᠬᠤᠷᠳᠤ ᠪᠠᠷ ᠥᠷᠲᠡᠭᠡᠯᠡᠨ ᠢᠷᠡᠬᠦ ᠡᠨᠡ ᠡᠯᠴᠢ ᠶ᠋ᠢᠨ ᠠᠮᠠᠨ ᠠ᠋ᠴᠠ ᠰᠠᠢᠨ ᠮᠠᠭᠤ ᠶᠠᠮᠠᠷ ᠮᠡᠳᠡᠭᠡ ᠶ᠋ᠢ ᠰᠣᠨᠣᠰᠬᠤ ᠶᠤᠮ ᠪᠣᠯ ᠳᠠ᠂ ᠡᠯᠴᠢ ᠴᠡᠷᠢᠭ ᠦ᠋ᠳ ᠳᠠᠪᠬᠢᠯᠳᠤᠨ ᠢᠷᠡᠵᠦ᠂ ᠲᠡᠳᠡᠨ ᠦ᠌ ᠠᠬᠠᠯᠠᠭᠴᠢ ᠨᠢ ᠪᠣᠯᠤᠯᠲᠠᠢ ᠬᠥᠮᠦᠨ ᠮᠣᠷᠢᠨ ᠠ᠋ᠴᠠ ᠪᠠᠨ ᠪᠠᠭᠤᠵᠤ᠂ ᠬᠠᠲᠤᠨ ᠤ᠋ ᠡᠮᠦᠨ᠎ᠡ ᠰᠥᠬᠥᠷᠡᠨ ᠰᠠᠭᠤᠯ᠎ᠠ᠃ ᠡᠨᠡ ᠬᠥᠮᠦᠨ ᠢ᠋ ᠰᠠᠢᠨ ᠬᠠᠷᠠᠪᠠᠯ ᠲᠤᠯᠤᠢ ᠶ᠋ᠢᠨ ᠶᠡᠬᠡ ᠴᠡᠷᠢᠭ ᠦ᠋ᠨ ᠮᠢᠩᠭᠠᠲᠤ ᠶ᠋ᠢᠨ ᠳᠠᠷᠤᠭ᠎ᠠ ᠬᠥᠬᠡᠳᠡᠢ ᠪᠠᠢᠪᠠ᠃
ᠬᠥᠬᠡᠳᠡᠢ ᠶ᠋ᠢ ᠬᠠᠷᠠᠮᠠᠭᠴᠠ ᠪᠠᠨ ᠰᠤᠷᠬᠠᠭᠲᠠᠨᠢ ᠬᠠᠲᠤᠨ ᠲᠠᠯ᠎ᠠ ᠨᠤᠲᠤᠭ ᠢ᠋ᠶ᠋ᠠᠷ ᠥᠷᠲᠡᠭᠡᠯᠡᠨ ᠳᠠᠪᠬᠢᠬᠤ ᠡᠯᠴᠢ ᠪᠢᠰᠢ ᠪᠣᠯᠬᠤ ᠶ᠋ᠢ ᠮᠡᠳᠡᠪᠡ᠃ ᠲᠡᠷᠡ ᠪᠡᠷ ᠲᠤᠯᠤᠢ ᠶ᠋ᠢᠨ ᠦᠨᠡᠨᠴᠢ ᠠᠯᠪᠠᠲᠤ ᠶᠡᠬᠡ ᠡᠵᠡᠨ ᠴᠢᠩᠭᠢᠰ ᠬᠠᠭᠠᠨ ᠤ᠋ ᠦᠶ᠎ᠡ ᠡᠴᠡ ᠲᠤᠯᠤᠢ ᠡᠵᠡᠨ ᠦ᠌ ᠬᠠᠮᠲᠤ ᠠᠯᠲᠠᠨ ᠤᠯᠤᠰ ᠲᠤ᠌ ᠪᠠᠢᠯᠳᠤᠵᠤ ᠶᠠᠪᠤᠭᠰᠠᠨ ᠨᠢᠭᠡᠨ᠃ ᠲᠤᠯᠤᠢ ᠶ᠋ᠢᠨ ᠬᠢᠨ ᠲᠡᠭᠦᠨ ᠦ᠌ ᠢᠲᠡᠭᠡᠯᠲᠦ ᠬᠥᠮᠦᠨ ᠪᠣᠯᠬᠤ ᠶ᠋ᠢ ᠣᠯᠠᠨ ᠵᠦᠢᠯ ᠡᠴᠡ ᠬᠠᠷᠠᠵᠤ ᠮᠡᠳᠡᠵᠦ ᠢᠷᠡᠭᠰᠡᠨ᠃ ᠨᠢᠭᠡᠨ ᠤᠳᠠᠭ᠎ᠠ ᠠᠯᠲᠠᠨ ᠤᠯᠤᠰ ᠲᠤ᠌ ᠳᠠᠢᠳᠤᠵᠤ ᠶᠠᠪᠤᠬᠤ ᠳ᠋ᠤ᠌ ᠲᠡᠳᠡᠨ ᠦ᠌ ᠴᠡᠷᠢᠭ ᠦ᠋ᠳ ᠬᠦᠴᠦᠨ ᠮᠡᠬᠦᠰᠳᠡᠨ ᠳᠠᠢᠰᠤᠨ ᠳ᠋ᠤ᠌ ᠢᠯᠠᠭᠳᠠᠨ ᠤᠬᠤᠷᠢᠬᠤ ᠦᠶ᠎ᠡ ᠳ᠋ᠦ᠍ ᠲᠤᠯᠤᠢ ᠡᠵᠡᠨ ᠦ᠌ ᠮᠣᠷᠢ ᠪᠦᠳᠦᠷᠢᠨ ᠬᠥᠯ ᠳ᠋ᠡᠭᠡᠨ ᠰᠢᠷᠬ᠎ᠠ ᠠᠪᠴᠤ᠂ ᠭᠢᠰᠬᠢᠵᠦ ᠦᠯᠦ ᠴᠢᠳᠠᠨ ᠬᠥᠨᠳᠡᠭᠦᠷᠯᠡᠭᠡᠳ᠂ ᠠᠷᠤ ᠠ᠋ᠴᠠ ᠨᠢ ᠬᠥᠭᠡᠭᠡᠨ ᠶᠠᠪᠤᠭᠰᠠᠨ ᠠᠯᠲᠠᠨ ᠤᠯᠤᠰ ᠤ᠋ᠨ ᠴᠡᠷᠢᠭ ᠦ᠋ᠳ ᠲᠦ᠍ ᠪᠠᠷᠢᠭᠳᠠᠬᠤ ᠶ᠋ᠢᠨ ᠳᠠᠪᠠᠭᠠᠨ ᠳᠡᠭᠡᠷ᠎ᠡ ᠬᠥᠬᠡᠳᠡᠢ ᠮᠣᠷᠢᠨ ᠤ ᠪᠠᠨ ᠶᠠᠪᠤᠳᠠᠯ ᠳᠤᠮᠳᠠ ᠲᠤᠯᠤᠢ ᠶ᠋ᠢ ᠰᠢᠭᠦᠷᠡᠨ ᠠᠪᠴᠤ᠂ ᠲᠡᠭᠦᠷᠦᠨ ᠳᠠᠪᠬᠢᠭᠰᠠᠭᠠᠷ ᠠᠮᠢ ᠨᠠᠰᠤ ᠶ᠋ᠢ ᠨᠢ ᠠᠪᠤᠷᠠᠨ ᠪᠠᠢᠭᠰᠠᠨ ᠤᠳᠠᠭ᠎ᠠ ᠲᠠᠢ᠃
— ᠰᠠᠢᠨ ᠶᠠᠪᠤᠵᠤ ᠢᠷᠡᠪᠡ ᠤᠤ? ᠬᠥᠬᠡᠳᠡᠢ ᠮᠢᠨᠢ ᠭᠡᠵᠦ ᠰᠡᠳᠬᠢᠯ ᠳᠣᠭᠳᠣᠯᠤᠩᠭᠤᠢ ᠠᠰᠠᠭᠤᠭᠰᠠᠨ ᠬᠠᠲᠤᠨ ᠤ᠋ ᠡᠮᠦᠨ᠎ᠡ ᠬᠥᠬᠡᠳᠡᠢ ᠳᠣᠭᠣᠭᠰᠢ ᠬᠠᠷᠠᠨ ᠰᠠᠭᠤᠵᠠᠢ᠃
— ᠬᠠᠭᠠᠨ ᠤ᠋ ᠪᠡᠶ᠎ᠡ ᠠᠯᠵᠢᠶᠠᠯᠠ᠃
ᠰᠤᠷᠬᠠᠭᠲᠠᠨᠢ ᠶ᠋ᠢᠨ ᠢᠨᠢᠶᠡᠮᠰᠦᠭᠯᠡᠨ ᠪᠠᠢᠭᠰᠠᠨ ᠴᠢᠷᠠᠢ ᠭᠠᠢᠬᠠᠰᠢ ᠪᠠᠷ ᠰᠣᠯᠢᠭᠳᠠᠨ᠂ ᠲᠦᠳᠡᠭᠡᠨᠡ ᠠᠢᠳᠠᠰ ᠪᠣᠯᠤᠨ ᠬᠤᠪᠢᠷᠠᠪᠠ᠃ ᠬᠥᠬᠡᠳᠡᠢ ᠳᠣᠭᠣᠭᠰᠢ ᠬᠠᠷᠠᠨ ᠰᠠᠭᠤᠭᠰᠠᠨ ᠬᠡᠪ ᠢ᠋ᠶ᠋ᠡᠷ ᠦᠷᠭᠦᠯᠵᠢᠯᠡᠭᠦᠯᠦᠨ᠂
— ᠬᠠᠭᠠᠨ ᠡᠵᠡᠨ ᠦᠶ᠎ᠡ ᠦᠶ᠎ᠡ ᠤᠬᠠᠭᠠᠨ ᠨᠢ ᠪᠠᠯᠠᠷᠳᠠᠨ᠂ ᠦᠭᠡ ᠬᠡᠯᠡᠵᠦ ᠴᠢᠳᠠᠬᠤ ᠦᠭᠡᠢ ᠡᠭᠡᠷᠡᠨ ᠠᠯᠵᠢᠶᠠᠯᠠᠵᠤ ᠪᠠᠢᠨ᠎ᠠ᠃ ᠪᠥᠬᠡ ᠲᠥᠯᠭᠡᠴᠢᠳ ᠡᠭᠡᠯᠵᠢᠯᠡᠨ ᠪᠠᠭᠤᠵᠤ᠂ ᠲᠩᠷᠢ ᠲᠡᠢ ᠶᠠᠷᠢᠯᠴᠠᠭᠠᠳ ᠬᠠᠷᠢ ᠢᠷᠭᠡᠨ ᠦ᠌ ᠨᠤᠲᠤᠭ ᠤᠰᠤᠨ ᠤ᠋ ᠯᠤᠤᠰ ᠰᠠᠪᠳᠠᠭ ᠬᠣᠣᠷᠯᠠᠪᠠ ᠬᠡᠮᠡᠯ᠎ᠡ᠃ ᠲᠡᠢᠮᠦ ᠶ᠋ᠢᠨ ᠲᠤᠯᠠ ᠵᠣᠯᠢᠶ᠎ᠠ ᠡᠷᠭᠦ ᠭᠡᠨ᠎ᠡ ᠭᠡᠮᠡᠨ ᠪᠠᠭᠤᠵᠠᠢ᠃
— ᠲᠡᠭᠡᠭᠡᠳ ᠁ ᠲᠡᠭᠡᠭᠡᠳ ᠵᠣᠯᠢᠶ᠎ᠠ ᠡᠷᠭᠦᠪᠡ ᠤᠤ? ᠭᠡᠬᠦ ᠳ᠋ᠦ᠍᠂
— ᠲᠡᠭᠡᠭᠰᠡᠨ ᠪᠢᠯᠡ᠂ ᠬᠠᠲᠤᠨᠲᠠᠨ᠃ ᠠᠯᠲᠠ ᠮᠥᠩᠭᠥ ᠠᠳᠤᠭᠤ ᠮᠠᠯ ᠢ᠋ᠶ᠋ᠠᠷ ᠠᠮᠢ ᠲᠠᠰᠤᠯᠵᠤ ᠡᠷᠭᠦᠯ ᠪᠠᠷᠢᠴᠠ ᠥᠭᠭᠦᠭᠰᠡᠨ ᠴᠤ ᠬᠠᠭᠠᠨ ᠤ᠋ ᠪᠡᠶ᠎ᠡ ᠢᠯᠠᠷᠢᠰᠢᠭᠰᠠᠨ ᠦᠭᠡᠢ ᠲᠤᠯᠠ ᠵᠠᠷᠢᠮ ᠪᠥᠬᠡ ᠲᠥᠯᠭᠡᠴᠢᠳ ᠠᠯᠲᠠᠨ ᠤᠷᠤᠭ ᠤ᠋ᠨ ᠬᠥᠮᠦᠨ ᠢ᠋ᠶ᠋ᠡᠷ ᠵᠣᠯᠢᠶ᠎ᠠ ᠡᠷᠭᠦ ᠬᠡᠮᠡᠯ᠎ᠡ᠃ ᠰᠤᠷᠬᠠᠭᠲᠠᠨᠢ ᠬᠠᠲᠤᠨ ᠬᠥᠬᠡᠳᠡᠢ ᠶ᠋ᠢᠨ ᠬᠡᠯᠡᠬᠦ ᠭᠡᠰᠡᠨ ᠦᠭᠡᠨ ᠦ᠌ ᠤᠴᠢᠷ ᠢ᠋ ᠰᠠᠶᠢ ᠣᠢᠯᠠᠭᠠᠪᠠ᠃
— ᠠᠯᠲᠠᠨ ᠤᠷᠤᠭ ᠤ᠋ᠨ ᠭᠡᠨ᠎ᠡ ᠠ᠋?
— ᠲᠡᠢᠮᠦ ᠠ᠋ ᠬᠠᠲᠤᠨᠲᠠᠨ᠃ ᠠᠯᠲᠠᠨ ᠤᠷᠤᠭ ᠤ᠋ᠨ ᠬᠥᠮᠦᠨ ᠢ᠋ᠶ᠋ᠡᠷ ᠵᠣᠯᠢᠶ᠎ᠠ ᠡᠷᠭᠦᠬᠦ ᠠᠪᠠᠰᠤ ᠬᠠᠭᠠᠨ ᠡᠵᠡᠨ ᠦ᠌ ᠪᠡᠶ᠎ᠡ ᠢᠯᠠᠷᠢᠰᠢᠨᠠ ᠭᠡᠮᠡᠨ ᠪᠠᠭᠤᠯ᠎ᠠ᠃ ᠰᠤᠷᠬᠠᠭᠲᠠᠨᠢ《ᠥᠭᠡᠳᠡᠢ ᠬᠠᠭᠠᠨ ᠲᠠᠢ ᠴᠣᠭ ᠠᠯᠲᠠᠨ ᠤᠷᠤᠭ ᠤ᠋ᠨ ᠣᠯᠠᠨ ᠬᠥᠮᠦᠨ ᠳᠠᠢᠳᠤᠵᠤ ᠶᠠᠪᠤᠭ᠎ᠠ᠃ ᠭᠡᠪᠡᠴᠦ ᠬᠡᠨ ᠨᠢ ᠬᠠᠭᠠᠨ ᠡᠵᠡᠨ ᠦ᠌ ᠡᠮᠦᠨ᠎ᠡ ᠡᠴᠡ ᠵᠣᠯᠢᠶ᠎ᠠ ᠪᠣᠯᠬᠤ ᠪᠣᠢ᠂ ᠬᠥᠬᠡᠳᠡᠢ ᠨᠠᠭᠠᠰᠢ ᠢᠷᠡᠭᠰᠡᠨ ᠢ᠋ ᠬᠠᠷᠠᠪᠠᠯ ᠠᠯᠲᠠᠨ ᠤᠷᠤᠭ ᠤ᠋ᠨ ᠬᠢᠨ ᠦ᠌ ᠠᠷᠤ ᠭᠡᠷ ᠦ᠋ᠨ ᠬᠢᠨ ᠪᠦᠭᠦᠳᠡ ᠳ᠋ᠦ᠍ ᠡᠯᠴᠢ ᠳᠣᠪᠲᠣᠯᠭᠠᠭᠰᠠᠨ ᠨᠢ ᠢᠯᠡᠳᠲᠡ》 ᠭᠡᠵᠦ ᠬᠠᠲᠤᠨ ᠬᠥᠬᠡᠳᠡᠢ ᠶ᠋ᠢ ᠳᠡᠭᠡᠭᠰᠢ ᠪᠤᠰᠬᠠᠨ᠂
— ᠬᠡᠳᠦᠨ ᠭᠠᠵᠠᠷ ᠲᠤ ᠡᠯᠴᠢ ᠳᠣᠪᠲᠣᠯᠭᠠᠪᠠ? ᠭᠡᠬᠦ ᠳ᠋ᠦ᠍᠂
— ᠬᠡᠳᠦ ᠬᠡᠳᠦᠨ ᠭᠠᠵᠠᠷ ᠤᠷᠤᠭᠤ ᠳᠣᠪᠲᠣᠯᠭᠠᠭᠰᠠᠨ ᠪᠢᠯᠡ᠃ ᠡᠨᠡ ᠮᠡᠳᠡᠭᠡ ᠶ᠋ᠢ ᠲᠠᠨ ᠳ᠋ᠤ᠌ ᠳᠣᠭᠣᠯᠭᠠᠬᠤ ᠡᠭᠦᠷᠭᠡ ᠠᠪᠤᠭᠠᠳ ᠢᠷᠡᠪᠡ ᠭᠡᠪᠡ᠃
ᠥᠭᠡᠳᠡᠢ ᠬᠠᠭᠠᠨ ᠤ᠋ ᠬᠠᠮᠲᠤ ᠠᠯᠲᠠᠨ ᠤᠷᠤᠭ ᠤ᠋ᠨ ᠣᠯᠠᠨ ᠬᠥᠪᠡᠭᠦᠳ ᠳᠠᠢᠳᠤᠵᠤ ᠶᠠᠪᠤᠭ᠎ᠠ᠂ ᠬᠠᠭᠠᠨ ᠡᠵᠡᠨ ᠦ᠌ ᠥᠪᠡᠷ ᠦ᠋ᠨ ᠬᠥᠪᠡᠭᠦᠳ ᠪᠣᠯᠬᠤ ᠭᠦᠶᠦᠭ᠂ ᠭᠤᠳᠠᠨ᠂ ᠬᠦᠴᠦ᠂ ᠴᠠᠭᠠᠲᠠᠢ ᠶ᠋ᠢᠨ ᠬᠠᠨ ᠬᠥᠪᠡᠭᠦᠳ᠂ ᠮᠥᠨ ᠲᠤᠯᠤᠢ ᠡᠵᠡᠨ ᠲᠣᠮᠣ ᠬᠦᠦ ᠮᠥᠩᠬᠡ ᠶ᠋ᠢᠨ ᠢ᠋ᠶ᠋ᠡᠨ ᠬᠠᠮᠲᠤ ᠥᠪᠡᠷ ᠦ᠋ᠨ ᠴᠡᠷᠢᠭ ᠢ᠋ ᠤᠳᠤᠷᠢᠳᠤᠨ ᠲᠤᠯᠤᠯᠳᠤᠵᠤ ᠪᠠᠢᠭ᠎ᠠ᠃ ᠰᠤᠷᠬᠠᠭᠲᠠᠨᠢ ᠬᠠᠲᠤᠨ《ᠨᠢᠭᠡ ᠯᠡ ᠪᠡᠯᠭᠡ ᠥᠬᠡᠢ ᠶᠠᠭᠤᠮ᠎ᠠ ᠪᠣᠯᠵᠠᠢ ᠳᠠ》 ᠭᠡᠮᠡᠨ ᠪᠣᠳᠣᠯ ᠳ᠋ᠤ᠌ ᠠᠪᠲᠠᠨ ᠬᠡᠰᠡᠭ ᠵᠣᠭᠰᠣᠭᠰᠠᠨ ᠢ᠋ᠶ᠋ᠠᠨ ᠬᠥᠬᠡᠳᠡᠢ ᠶ᠋ᠢ ᠵᠠᠮ ᠤ᠋ᠨ ᠠᠯᠵᠢᠶᠠᠯ ᠢ᠋ᠶ᠋ᠠᠨ ᠲᠠᠢᠯᠤᠨ ᠠᠮᠠᠷᠠᠬᠤ ᠶ᠋ᠢ ᠵᠥᠪᠰᠢᠶᠡᠷᠡᠭᠡᠳ ᠦᠷᠭᠦᠭᠡᠨ ᠳ᠋ᠡᠭᠡᠨ ᠣᠷᠣᠯ᠎ᠠ᠃ ᠲᠡᠭᠦᠨ ᠦ᠌ ᠠᠷᠤ ᠠ᠋ᠴᠠ ᠬᠤᠪᠢᠯᠠᠢ᠂ ᠬᠦᠯᠡᠬᠦ ᠬᠣᠶᠠᠷ ᠲᠠᠭᠠᠨ ᠣᠷᠣᠵᠤ ᠢᠷᠡᠯ᠎ᠡ᠃ ᠬᠠᠲᠤᠨ ᠦᠷᠭᠦᠭᠡᠨ ᠦ᠌ ᠬᠣᠢᠮᠣᠷ ᠲᠤ ᠪᠠᠢᠬᠤ ᠬᠣᠣᠰ ᠰᠡᠨᠳᠡᠢ ᠶ᠋ᠢᠨ ᠵᠦᠭ ᠬᠠᠷᠠᠪᠠ᠃ ᠨᠢᠭᠡ ᠨᠢ ᠠᠷᠠᠢ ᠥᠨᠳᠥᠷ᠂ ᠡᠨᠡ ᠰᠡᠨᠳᠡᠢ ᠳ᠋ᠦ᠍ ᠲᠤᠯᠤᠢ ᠡᠵᠡᠨ ᠵᠠᠯᠠᠷᠠᠨ ᠰᠠᠭᠤᠳᠠᠭ᠃ ᠰᠤᠷᠬᠠᠭᠲᠠᠨᠢ ᠲᠤᠯᠤᠢ ᠡᠵᠡᠨ ᠦ᠌ ᠰᠡᠨᠳᠡᠢ ᠶ᠋ᠢᠨ ᠬᠠᠵᠠᠭᠤ ᠳ᠋ᠤ᠌ ᠵᠡᠷᠭᠡᠴᠡᠨ ᠪᠠᠢᠬᠤ ᠠᠷᠠᠢ ᠨᠠᠮᠬᠠᠨ ᠰᠡᠨᠳᠡᠢ ᠳ᠋ᠦ᠍ ᠣᠴᠢᠵᠤ ᠰᠠᠭᠤᠯ᠎ᠠ᠃ ᠲᠡᠷᠡ ᠲᠤᠯᠤᠢ ᠶ᠋ᠢᠨ ᠬᠣᠭᠣᠰᠣᠨ ᠰᠡᠨᠳᠡᠢ ᠶ᠋ᠢ ᠬᠠᠷᠠᠭᠠᠳ᠂
— ᠬᠡᠨ ᠨᠢ ᠪᠣᠢ? ᠭᠡᠮᠡᠨ ᠠᠮᠠᠨ ᠳ᠋ᠠᠭᠠᠨ ᠬᠡᠯᠡᠭᠰᠡᠨ ᠦᠭᠡ ᠶ᠋ᠢ ᠰᠠᠶᠢ ᠭᠠᠳᠠᠨ᠎ᠠ ᠠ᠋ᠴᠠ ᠣᠷᠣᠵᠤ ᠢᠷᠡᠭᠰᠡᠨ ᠬᠤᠪᠢᠯᠠᠢ᠂ ᠬᠥᠯᠡᠬᠦ ᠬᠣᠶᠠᠷ ᠰᠣᠨᠣᠰᠪᠠ᠃ ᠲᠡᠳᠡᠨ ᠦ᠌ ᠨᠢᠳᠦᠨ ᠳ᠋ᠦ᠍ ᠮᠥᠨ ᠠᠳᠠᠯᠢ ᠠᠢᠳᠠᠰ ᠬᠤᠷᠭᠠᠵᠠᠢ᠃ ᠬᠣᠶᠠᠷ ᠬᠦᠦ ᠶ᠋ᠢᠨ ᠢ᠋ᠶ᠋ᠡᠨ ᠬᠠᠮᠲᠤ ᠬᠡᠷᠬᠢᠬᠦ ᠪᠡᠨ ᠮᠡᠳᠡᠬᠦ ᠦᠭᠡᠢ ᠰᠠᠭᠤᠬᠤ ᠬᠠᠲᠤᠨ ᠤ᠋ ᠦᠷᠭᠦᠭᠡᠨ ᠦ᠌ ᠭᠠᠳᠠᠨ᠎ᠠ ᠠ᠋ᠴᠠ᠂
— ᠮᠢᠨᠦ ᠬᠠᠪᠴᠢᠭᠠᠬᠠᠢ ᠶ᠋ᠢ ᠬᠤᠭᠤᠯᠵᠤ ᠨᠢᠭᠤᠭᠰᠠᠨ ᠬᠥᠮᠦᠨ ᠢ᠋ ᠪᠢ ᠣᠯᠤᠭᠰᠠᠨ᠂ ᠬᠥᠯᠡᠬᠦ ᠠᠬ᠎ᠠ ᠲᠠᠨ ᠢ᠋ ᠪᠢ ᠵᠣᠯᠢᠭ ᠲᠤ ᠭᠠᠷᠭᠠᠨ᠎ᠠ ᠳᠠ ᠭᠡᠵᠦ ᠴᠠᠩᠭᠢᠨᠠᠭᠤᠯᠤᠨ ᠳᠤᠤᠭᠠᠷᠤᠭᠰᠠᠭᠠᠷ ᠣᠷᠣᠵᠤ ᠢᠷᠡᠭᠰᠡᠨ ᠬᠡᠦᠬᠡᠳ ᠪᠣᠯ ᠲᠡᠳᠡᠨ ᠦ᠌ ᠳᠡᠭᠦᠦ ᠠᠷᠢᠭᠪᠥ᠋ᠬᠡ ᠪᠠᠢᠯ᠎ᠠ᠃ ᠲᠡᠷᠡ ᠲᠠᠪᠤ ᠵᠢᠷᠭᠤᠭᠠᠨ ᠨᠠᠰᠤᠲᠠᠢ ᠪᠣᠯᠪᠠ ᠤᠤ ᠭᠡᠮᠡᠷ ᠬᠠᠷᠠᠭᠳᠠᠨ᠎ᠠ᠃
《ᠵᠣᠯᠢᠭ ᠲᠤ ᠭᠠᠷᠭᠠᠨ᠎ᠠ ᠳᠠ》 ᠭᠡᠰᠡᠨ ᠦᠭᠡᠨ ᠡᠴᠡ ᠬᠢᠷᠳ᠋ᠬᠢᠨ ᠰᠣᠴᠢᠭᠰᠠᠨ ᠰᠤᠷᠬᠠᠭᠲᠠᠨᠢ ᠬᠦᠦ ᠪᠡᠨ᠂
— ᠬᠠᠮᠢᠶ᠎ᠠ ᠦᠭᠡᠢ ᠦᠭᠡ ᠬᠡᠯᠡᠵᠦ ᠪᠣᠯᠳᠠᠭ ᠦᠭᠡᠢ ᠶᠦᠮ᠃ ᠠᠮᠠᠨ ᠤ᠋ ᠪᠡᠯᠭᠡ ᠡᠴᠡ ᠠᠰᠢᠳᠠ ᠶ᠋ᠢᠨ ᠪᠡᠯᠭᠡ ᠭᠡᠳᠡᠭ ᠭᠡᠵᠦ ᠬᠡᠯᠡᠭᠡᠳ ᠤᠴᠢᠷ ᠮᠡᠳᠡᠬᠦ ᠪᠣᠯᠤᠭᠰᠠᠨ ᠬᠣᠶᠠᠷ ᠲᠣᠮᠣ ᠬᠦᠦ ᠪᠡᠨ ᠡᠭᠡᠯᠵᠢᠯᠡᠨ ᠬᠠᠷᠠᠭᠠᠳ᠂ ᠲᠡᠳᠡᠨ ᠦ᠌ ᠰᠡᠳᠬᠢᠯ ᠢ᠋ ᠲᠠᠢᠪᠤᠰᠢᠷᠠᠭᠤᠯᠬᠤ ᠶ᠋ᠢᠨ ᠲᠤᠯᠠᠳᠠ᠂
— ᠮᠢᠨᠦ ᠬᠥᠪᠡᠭᠦᠳ ᠰᠡᠳᠬᠢᠯ ᠢ᠋ᠶ᠋ᠡᠨ ᠪᠦᠦ ᠴᠢᠯᠡᠭᠡ᠂ ᠮᠥᠩᠬᠡ ᠲᠩᠷᠢ ᠬᠠᠷᠠᠵᠤ ᠪᠠᠢᠭ᠎ᠠ ᠴᠠᠭ ᠲᠤ ᠪᠢᠳᠡᠨ ᠳ᠋ᠦ᠍ ᠮᠠᠭᠤ ᠶᠠᠭᠤᠮ᠎ᠠ ᠦᠵᠡᠭᠦᠯᠬᠦ ᠦᠭᠡᠢ ᠪᠢᠵᠡ ᠭᠡᠵᠦ ᠬᠡᠯᠡᠭᠡᠳ ᠭᠠᠳᠠᠭᠰᠢ ᠭᠠᠷᠤᠯ᠎ᠠ᠃
ᠴᠡᠯᠡᠢᠭᠰᠡᠨ ᠶᠡᠬᠡ ᠲᠠᠯ᠎ᠠ ᠬᠠᠷᠠᠭ᠎ᠠ ᠰᠠᠴᠤᠭᠠᠨ ᠦᠷᠭᠦᠯᠵᠢᠯᠡᠵᠦ᠂ ᠣᠷᠣᠢ ᠶ᠋ᠢᠨ ᠨᠠᠷᠠᠨ ᠤ᠋ ᠰᠢᠵᠢᠷᠬᠡᠨ ᠲᠤᠶᠠᠭ᠎ᠠ ᠲᠠᠢ ᠥᠩᠭᠡ ᠬᠣᠣᠰᠯᠠᠨ ᠵᠢᠷᠭᠠᠵᠤ ᠪᠣᠢ ᠨᠠᠷᠠᠨ ᠤ᠋ ᠠᠯᠲᠠᠨ ᠰᠢᠷᠭᠠᠯ ᠲᠤᠶᠠᠭ᠎ᠠ ᠠᠭᠤᠯᠠᠰ ᠤ᠋ᠨ ᠴᠠᠭᠠᠭᠤᠷ ᠣᠷᠣᠬᠤ ᠠ᠋ᠴᠠ ᠡᠮᠦᠨ᠎ᠡ᠂ ᠠᠮᠵᠢᠵᠤ ᠣᠷᠴᠢᠨ ᠢ᠋ᠶ᠋ᠠᠨ ᠰᠦᠯᠡᠨ ᠪᠣᠢ ᠶᠠᠩᠵᠤ ᠲᠠᠢ ᠪᠠᠢᠭᠠᠯᠢ ᠳᠡᠯᠡᠬᠡᠢ ᠶ᠋ᠢᠨ ᠥᠩᠭᠡ ᠶ᠋ᠢ ᠲᠣᠳᠣᠷᠠᠭᠤᠯᠤᠨ᠎ᠠ᠃ ᠬᠦᠯᠢᠶᠡᠯᠲᠡ ᠪᠡᠷ ᠦᠷᠭᠦᠯᠵᠢᠯᠡᠵᠦ ᠪᠠᠢᠭᠰᠠᠨ ᠴᠠᠭ ᠬᠤᠭᠤᠴᠠᠭ᠎ᠠ ᠲᠦᠭᠰᠢᠭᠦᠷᠢ ᠪᠡᠷ ᠰᠣᠯᠢᠭᠳᠠᠪᠠ᠃ ᠬᠠᠢᠷᠠᠲᠠᠢ ᠬᠦᠦ᠂ ᠬᠠᠨᠢ ᠨᠥᠬᠥᠷ ᠬᠣᠶᠠᠷ ᠤ᠋ᠨ ᠠᠯᠢ ᠨᠢᠭᠡ ᠶ᠋ᠢ ᠨᠢ ᠰᠤᠷᠬᠠᠭᠲᠠᠨᠢ ᠶ᠋ᠢᠨ ᠭᠠᠷ ᠠ᠋ᠴᠠ ᠲᠡᠳᠡᠨ ᠠᠪᠴᠤ ᠶᠠᠪᠤᠬᠤ ᠭᠡᠵᠦ ᠤᠯᠠᠢᠷᠠᠨ ᠪᠠᠢᠭ᠎ᠠ ᠮᠡᠲᠦ ᠰᠠᠨᠠᠭᠳᠠᠬᠤ ᠳ᠋ᠤ᠌ ᠰᠡᠳᠬᠢᠯ ᠳᠣᠲᠣᠷ᠎ᠠ ᠨᠢ ᠬᠦᠨᠳᠦ ᠭᠤᠨᠢᠭ ᠨᠡᠭᠦᠭᠡᠯᠲᠦᠨ ᠢᠷᠡᠨ᠎ᠡ᠃ ᠲᠡᠷᠡ ᠬᠡᠰᠡᠭ ᠵᠣᠭᠰᠣᠭᠠᠳ ᠳᠣᠲᠣᠭᠰᠢ ᠣᠷᠣᠯ᠎ᠠ᠃
ᠰᠠᠶᠢ ᠢᠷᠡᠭᠰᠡᠨ ᠡᠯᠴᠢ ᠶ᠋ᠢᠨ ᠬᠡᠯᠡᠭᠰᠡᠨ ᠦᠭᠡ ᠶ᠋ᠢ ᠲᠤᠩᠭᠠᠨ ᠪᠣᠳᠣᠬᠤ ᠳ᠋ᠤ᠌ ᠲᠤᠯᠭᠠᠨ ᠳ᠋ᠤ᠌ ᠠᠰᠠᠭᠰᠠᠨ ᠭᠠᠯ ᠢ᠋ ᠬᠡᠢ ᠰᠠᠯᠬᠢ ᠭᠡᠨᠡᠳᠲᠡ ᠦᠯᠢᠶᠡᠨ᠂ ᠲᠡᠷᠡ ᠳᠣᠣᠷ᠎ᠠ ᠨᠢ ᠤᠨᠲᠠᠷᠠᠭᠠᠬᠤ ᠰᠢᠭ᠋ ᠪᠣᠯᠬᠤ ᠳ᠋ᠤ᠌ ᠰᠤᠷᠬᠠᠭᠲᠠᠨᠢ ᠶ᠋ᠢᠨ ᠠᠷᠤ ᠨᠢᠷᠤᠭᠤ ᠪᠠᠷ ᠬᠦᠢᠲᠡ ᠳᠠᠭᠠᠭᠠᠨ ᠵᠢᠷᠢᠰᠬᠢᠭᠡᠳ ᠶᠠᠪᠤᠴᠢᠬᠠᠪᠠ᠃ ᠲᠡᠷᠡ ᠦᠷᠭᠦᠭᠡᠨ ᠡᠴᠡ ᠪᠡᠨ ᠭᠠᠷᠴᠤ᠂ ᠨᠤᠮᠤ ᠰᠠᠭᠠᠳᠠᠭ ᠠᠭᠰᠠᠭᠰᠠᠨ ᠬᠠᠷᠠᠭᠤᠯ ᠤ᠋ᠨ ᠴᠡᠷᠢᠭ ᠦ᠋ᠨ ᠬᠠᠵᠠᠭᠤ ᠪᠠᠷ ᠥᠩᠭᠡᠷᠡᠵᠦ᠂ ᠴᠢᠩᠭᠢᠰ ᠬᠠᠭᠠᠨ ᠤ᠋ ᠣᠩᠭᠣᠨ ᠰᠢᠲᠦᠭᠡᠨ ᠦ᠌ ᠦᠷᠭᠦᠭᠡᠨ ᠳ᠋ᠦ᠍ ᠣᠷᠣᠯ᠎ᠠ᠃ ᠦᠷᠭᠦᠭᠡᠨ ᠦ᠌ ᠳᠥᠷᠪᠡᠨ ᠪᠠᠭᠠᠨ᠎ᠠ ᠳ᠋ᠤ᠌ ᠠᠰᠬᠠᠭᠰᠠᠨ ᠭᠠᠯ ᠪᠠᠳᠮᠠᠯᠠᠨ ᠪᠠᠢᠬᠤ ᠠᠵᠢ᠃
— ᠴᠣᠬᠣᠮ ᠬᠡᠨ ᠨᠢ ᠪᠣᠢ ᠭᠡᠵᠦ ᠲᠡᠷᠡ ᠠᠮᠠᠨ ᠳ᠋ᠠᠭᠠᠨ ᠬᠡᠯᠡᠭᠡᠳ ᠣᠩᠭᠣᠨ ᠰᠢᠲᠦᠭᠡᠨ ᠦ᠌ ᠡᠮᠦᠨ᠎ᠡ ᠣᠴᠢᠵᠤ ᠰᠠᠭᠤᠯ᠎ᠠ᠃ ᠰᠤᠷᠬᠠᠭᠲᠠᠨᠢ ᠰᠡᠳᠬᠢᠯ ᠳ᠋ᠡᠭᠡᠨ ᠵᠠᠯᠪᠠᠷᠢᠨ ᠮᠥᠷᠭᠥᠯ ᠦᠢᠯᠡᠳᠦᠨ ᠪᠠᠢᠬᠤ ᠦᠶ᠎ᠡ ᠳ᠋ᠦ᠍ ᠲᠠᠯ᠎ᠠ ᠶ᠋ᠢᠨ ᠰᠡᠪᠡᠯᠵᠡᠭᠦᠷ ᠰᠠᠯᠬᠢ ᠣᠩᠭᠣᠨ ᠰᠢᠲᠦᠭᠡᠨ ᠦ᠌ ᠦᠷᠭᠦᠭᠡᠨ ᠳᠡᠭᠡᠭᠦᠷ ᠬᠤᠤᠭᠢᠨ ᠪᠠᠢᠭ᠎ᠠ ᠰᠣᠨᠣᠰᠳᠠᠨ᠎ᠠ᠃
ᠠᠯᠲᠠᠨ ᠤᠯᠤᠰ ᠢ᠋ ᠳᠠᠢᠳᠤᠬᠤ ᠪᠠᠷ ᠶᠠᠪᠤᠭᠰᠠᠨ ᠥᠭᠡᠳᠡᠢ ᠬᠠᠭᠠᠨ ᠤ᠋ ᠶᠡᠬᠡ ᠴᠡᠷᠢᠭ ᠪᠠᠢᠷᠢᠯᠠᠨ ᠪᠠᠢᠭᠰᠠᠨ ᠴᠠᠪᠴᠢᠶᠠᠯ ᠪᠣᠭᠣᠮᠲᠠ ᠶ᠋ᠢᠨ ᠰᠢᠷ᠎ᠠ ᠲᠡᠭᠳᠡᠭᠡᠷ ᠭᠡᠬᠦ ᠭᠠᠵᠠᠷ ᠨᠢᠭᠡᠨ ᠬᠡᠷᠡᠭ ᠶᠠᠪᠤᠳᠠᠯ ᠪᠣᠯᠵᠤ ᠪᠠᠢᠯ᠎ᠠ᠃ ᠬᠠᠭᠠᠨ ᠤ᠋ ᠪᠠᠷ᠎ᠠ ᠪᠣᠯᠣᠭᠰᠠᠳ᠂ ᠥᠷᠯᠥᠭ ᠵᠠᠩᠵᠤᠳ᠂ ᠡᠮᠴᠢ ᠳᠣᠮᠴᠢ᠂ ᠪᠥᠬᠡ ᠢᠳᠤᠭᠠᠨ ᠨᠤᠭᠤᠳ ᠰᠠᠨᠳᠤᠷᠤᠯᠳᠤᠨ ᠪᠠᠢᠭᠰᠠᠨ ᠲᠡᠷᠡ ᠡᠳᠦᠷ ᠲᠩᠷᠢ ᠪᠦᠦᠳᠡᠢᠵᠦ᠂ ᠮᠠᠨᠠᠨ ᠪᠤᠳᠠᠩ ᠬᠥᠰᠢᠯᠳᠦᠵᠦ ᠪᠠᠢᠪᠠ᠃ ᠳᠣᠣᠷ᠎ᠠ ᠰᠡᠭᠦᠳᠡᠷᠲᠦᠭᠴᠢ ᠭᠠᠵᠠᠷ ᠳᠡᠯᠡᠬᠡᠢ ᠶ᠋ᠢᠨ ᠰᠠᠪᠳᠠᠭ᠂ ᠳᠡᠭᠡᠷ᠎ᠡ ᠬᠥᠬᠡᠷᠡᠭᠴᠢ ᠲᠩᠷᠢ ᠪᠤᠷᠬᠠᠨ ᠲᠠᠢ ᠨᠡᠢᠯᠡᠨ ᠤᠰᠤᠨ ᠬᠥᠰᠢᠭᠡ ᠲᠠᠲᠠᠭᠰᠠᠨ ᠮᠡᠲᠦ ᠡᠷᠭᠢᠨ ᠲᠣᠭᠣᠷᠢᠨ ᠪᠣᠷᠣᠭᠠᠨ ᠠᠰᠬᠠᠷᠠᠨ᠎ᠠ᠃ ᠠᠴᠢᠯᠭ᠎ᠠ ᠶ᠋ᠢᠨ ᠦᠬᠡᠷ ᠲᠡᠮᠡᠭᠡ ᠴᠡᠷᠢᠭ ᠦ᠋ᠳ ᠦ᠋ᠨ ᠠᠭᠲᠠ ᠮᠣᠷᠢᠳ ᠪᠣᠷᠣᠭᠠᠨ ᠠ᠋ᠴᠠ ᠬᠣᠷᠭᠣᠳᠠᠬᠤ ᠬᠠᠭᠤᠷᠠᠢ ᠭᠠᠵᠠᠷ ᠣᠯᠬᠤ ᠦᠭᠡᠢ ᠳ᠋ᠡᠭᠡᠨ ᠬᠡᠢ ᠳᠡᠮᠡᠢ ᠯᠡ ᠲᠤᠭᠤᠷᠠᠢ ᠪᠠᠷ ᠢ᠋ᠶ᠋ᠠᠨ ᠡᠪᠡᠰᠦᠨ ᠦ᠌ ᠦᠨᠳᠦᠰᠦ ᠮᠠᠯᠲᠠᠨ᠂ ᠦᠰᠦ ᠨᠣᠣᠰᠣ ᠨᠢ ᠱᠠᠯᠪᠠ ᠨᠣᠷᠴᠤ ᠬᠠᠮᠠᠷ ᠠ᠋ᠴᠠ ᠨᠢ ᠰᠠᠪᠰᠠᠬᠤ ᠠᠭᠤᠷ ᠵᠠᠮ ᠲᠠᠲᠠᠭᠤᠯᠤᠨ ᠴᠠᠩᠲᠤᠭᠰᠠᠨ ᠵᠡᠷᠭᠡ ᠶ᠋ᠢ ᠦᠵᠡᠪᠡᠯ ᠡᠨᠡ ᠪᠣᠷᠣᠭᠠᠨ ᠬᠡᠳᠦᠨ ᠬᠣᠨᠣᠭ ᠦᠷᠭᠦᠯᠵᠢᠯᠡᠭᠰᠡᠨ ᠪᠣᠯᠤᠯᠲᠠᠢ᠃ ᠬᠥᠮᠦᠨ ᠮᠠᠯ ᠦᠭᠡᠢ ᠵᠤᠲᠠᠷᠠᠵᠠᠢ᠃ ᠬᠥᠮᠦᠨ ᠦ᠌ ᠠᠮᠠ ᠳᠠᠮᠵᠢᠬᠤ ᠶᠠᠷᠢᠶ᠎ᠠ ᠶ᠋ᠢ ᠴᠢᠬᠢ ᠲᠠᠯᠪᠢᠨ ᠰᠣᠨᠣᠰᠪᠠᠯ᠄
《ᠬᠠᠭᠠᠨ ᠡᠵᠡᠨ ᠠᠯᠵᠢᠶᠠᠭᠰᠠᠨ ᠲᠤᠯᠠ ᠣᠷᠣᠨ ᠠ᠋ᠴᠠ ᠪᠠᠨ ᠪᠣᠰᠬᠤ ᠦᠭᠡᠢ ᠬᠡᠳᠦ ᠬᠣᠨᠣᠪᠠ》 ᠭᠡᠬᠦ ᠤᠴᠢᠷ ᠪᠢᠲᠡᠭᠦᠯᠢᠭ ᠶᠠᠷᠢᠶ᠎ᠠ ᠴᠡᠷᠢᠭ ᠦ᠋ᠳ ᠦ᠋ᠨ ᠳᠤᠮᠳᠠ ᠬᠡᠷᠡᠨ ᠲᠠᠨᠤᠨᠠ᠃ ᠡᠨᠡ ᠡᠳᠦᠷ ᠨᠢᠭᠡᠨ ᠲᠣᠮᠣ ᠠᠰᠠᠷ ᠤ᠋ᠨ ᠳᠣᠣᠷ᠎ᠠ ᠣᠯᠠᠨ ᠬᠥᠮᠦᠨ ᠴᠤᠭᠯᠠᠵᠠᠢ᠃ ᠠᠰᠠᠷ ᠤ᠋ᠨ ᠭᠣᠣᠯ ᠳ᠋ᠤ᠌ ᠥᠭᠡᠳᠡᠢ ᠬᠠᠭᠠᠨ ᠵᠠᠯᠠᠷᠠᠨ᠂ ᠶᠡᠬᠡᠰ ᠳᠡᠭᠡᠳᠦᠰ ᠦ᠋ᠳ ᠡᠷᠡᠮᠪᠡ ᠳᠠᠷᠠᠭ᠎ᠠ ᠪᠠᠷ ᠰᠠᠭᠤᠵᠠᠢ᠃ ᠥᠭᠡᠳᠡᠢ ᠬᠠᠭᠠᠨ ᠤ᠋ ᠴᠢᠷᠠᠢ ᠶᠡᠬᠡ ᠯᠡ ᠶᠠᠳᠠᠷᠠᠩᠭᠤᠢ ᠰᠢᠨᠵᠢ ᠲᠡᠢ ᠰᠢᠷᠭᠠᠯᠲᠤᠨ ᠬᠠᠷᠠᠭᠳᠠᠨ᠎ᠠ᠃
— ᠮᠥᠩᠬᠡ ᠬᠥᠬᠡ ᠲᠩᠷᠢ ᠡᠴᠡ ᠠᠰᠠᠭᠤᠶ᠎ᠠ
ᠮᠥᠷᠡᠨ ᠭᠣᠣᠯ ᠠᠭᠤᠯᠠ ᠲᠠᠯ᠎ᠠ ᠠ᠋ᠴᠠ ᠠᠰᠠᠭᠤᠶ᠎ᠠ
ᠬᠠᠭᠠᠨ ᠡᠵᠡᠨ ᠦ᠌ ᠪᠡᠶ᠎ᠡ ᠶ᠋ᠢ ᠴᠢᠯᠡᠭᠡᠵᠦ
ᠬᠠᠯᠠᠭᠤᠨ ᠠᠮᠢ ᠶ᠋ᠢ ᠲᠠᠰᠤᠳᠠᠬᠤ ᠭᠡᠬᠦ ᠶ᠋ᠢᠨ ᠤᠴᠢᠷ ᠶᠠᠭᠤ ᠪᠢᠯᠡ ᠭᠡᠮᠡᠨ ᠲᠩᠷᠢ ᠭᠠᠵᠠᠷ ᠢ᠋ ᠬᠣᠯᠪᠣᠨ ᠪᠠᠭᠤᠵᠤ᠂ ᠶᠡᠬᠡ ᠳᠠᠭᠤ ᠴᠢᠮᠡᠭᠡ᠂ ᠴᠠᠩ ᠬᠡᠩᠭᠡᠷᠭᠡ ᠳᠡᠯᠡᠳᠦᠨ ᠪᠠᠢᠭᠰᠠᠨ ᠪᠥᠬᠡ ᠶ᠋ᠢᠨ ᠠᠮᠠᠨ ᠠ᠋ᠴᠠ《ᠬᠠᠷᠢ ᠢᠷᠭᠡᠨ ᠦ᠌᠁ ᠭᠠᠵᠠᠷ ᠤᠰᠤᠨ ᠤ᠋ ᠡᠵᠡᠳ᠁ ᠬᠠᠭᠠᠳ᠁ ᠢᠷᠭᠡᠨ᠁ ᠳᠠᠭᠠᠭᠤᠯᠬᠤ ᠳ᠋ᠠᠭᠠᠨ ᠬᠣᠲᠠ ᠪᠠᠯᠠᠭᠠᠳ ᠢ᠋ᠶ᠋ᠠᠨ ᠡᠪᠳᠡᠭᠦᠯᠦᠭᠰᠡᠨ ᠳ᠋ᠦ᠍᠁ ᠬᠣᠣᠷᠯᠠᠮᠤᠢ》 ᠬᠡᠮᠡᠭᠰᠡᠨ ᠣᠢᠯᠠᠭᠠᠬᠤ ᠳ᠋ᠤ᠌ ᠪᠡᠷᠬᠡ ᠦᠭᠡᠰ ᠤᠷᠤᠰᠤᠨ ᠪᠠᠢᠨ᠎ᠠ᠃ ᠳᠠᠷᠠᠭᠠᠬᠠᠨ ᠨᠢ《ᠬᠠᠷᠢ ᠢᠷᠭᠡᠨ ᠦ᠌ ᠭᠠᠵᠠᠷ ᠤᠰᠤᠨ ᠤ᠋ ᠡᠵᠡᠳ ᠬᠢᠯᠢᠩᠨᠡᠭᠰᠡᠨ ᠪᠠᠢᠨ᠎ᠠ᠂ ᠲᠡᠳᠡ ᠭᠠᠵᠠᠷ ᠤᠰᠤ᠂ ᠠᠷᠠᠳ ᠢᠷᠭᠡᠳ ᠢ᠋ᠶ᠋ᠡᠨ ᠲᠠᠯᠬᠢᠳᠠᠭᠤᠯᠤᠭᠰᠠᠨ ᠳ᠋ᠤ᠌ ᠬᠣᠷᠣᠰᠤᠨ ᠬᠠᠭᠠᠨ ᠢ᠋ ᠬᠣᠣᠷᠯᠠᠵᠠᠢ》 ᠭᠡᠰᠡᠨ ᠲᠠᠢᠯᠤᠯ ᠬᠡᠯᠡᠪᠡ᠃ ᠶᠧᠯᠢᠦᠢ ᠴᠦ᠋ᠼᠠᠢ᠄
— ᠠᠷᠭᠠᠳᠠᠨ ᠲᠥᠯᠭᠡᠯᠡ᠂ ᠰᠢᠪᠰᠢᠨ ᠭᠣᠶᠣ᠂ ᠠᠷᠭ᠎ᠠ ᠴᠠᠷᠭ᠎ᠠ ᠶᠠᠭᠤ ᠪᠠᠢᠨ᠎ᠠ ᠣᠯ᠃ ᠡᠳ᠋ ᠠᠳᠤᠭᠤᠰᠤ᠂ ᠠᠯᠲᠠ ᠮᠥᠩᠭᠥ ᠪᠡᠷ ᠵᠣᠯᠢᠶ᠎ᠠ ᠡᠷᠭᠦᠶ᠎ᠡ ᠭᠡᠵᠦ ᠳᠠᠬᠢᠨ ᠬᠡᠯᠡ ᠬᠡᠮᠡᠬᠦ ᠳ᠋ᠦ᠍ ᠪᠥᠬᠡ ᠳᠠᠬᠢᠨ ᠲᠩᠷᠢ ᠲᠡᠢ ᠶᠠᠷᠢᠵᠤ ᠴᠠᠩ ᠬᠡᠩᠭᠡᠷᠭᠡ ᠪᠡᠨ ᠳᠡᠯᠡᠳᠦᠨ ᠶᠡᠬᠡ ᠳᠠᠭᠤᠷᠢᠰᠤᠯ ᠢ᠋ ᠡᠷᠭᠦᠭᠡᠳ᠂
— ᠬᠠᠭᠠᠨ ᠡᠵᠡᠨ ᠢ᠋ ᠠᠪᠤᠨ᠎ᠠ ᠭᠡᠯᠡ ᠬᠡᠮᠡᠬᠦ ᠳ᠋ᠦ᠍ ᠬᠠᠩᠭᠢᠨᠠᠨ ᠳᠠᠭᠤᠷᠢᠰᠴᠤ ᠪᠠᠢᠭᠰᠠᠨ ᠬᠡᠩᠭᠡᠷᠭᠡ ᠶ᠋ᠢᠨ ᠳᠠᠭᠤ ᠠᠶᠠᠨᠳᠠᠭᠠᠨ ᠨᠠᠮᠳᠠᠵᠤ ᠲᠡᠨᠳᠡ ᠪᠠᠢᠭᠰᠠᠨ ᠬᠥᠮᠦᠰ ᠬᠠᠭᠠᠨ ᠤ᠋ ᠭᠡᠷ ᠪᠦᠯᠢ ᠬᠢᠭᠡᠳ ᠠᠯᠲᠠᠨ ᠤᠷᠤᠭ ᠤ᠋ᠨ ᠬᠢᠨ ᠦ᠌ ᠠᠯᠢ ᠠᠯᠢ ᠨᠢ ᠠᠮᠠᠨ ᠠ᠋ᠴᠠ ᠪᠠᠨ ᠦᠭᠡ ᠡᠰᠡ ᠤᠨᠠᠭᠠᠨ᠎ᠠ᠃ ᠲᠡᠳᠡᠨ ᠦ᠌ ᠳᠤᠮᠳᠠ ᠠ᠋ᠴᠠ ᠲᠤᠯᠤᠢ ᠠᠷᠭ᠎ᠠ ᠴᠠᠷᠭ᠎ᠠ ᠨᠢ ᠪᠠᠷᠠᠭᠳᠠᠭᠰᠠᠨ ᠪᠣᠯᠤᠯᠲᠠᠢ᠂ ᠭᠦᠨ ᠰᠠᠨᠠᠭ᠎ᠠ ᠠᠯᠳᠠᠭᠠᠳ ᠄
— ᠬᠠᠭᠠᠨ ᠠᠬ᠎ᠠ ᠲᠠᠨ ᠤ᠋ ᠳᠡᠭᠡᠷ᠎ᠡ ᠠᠬ᠎ᠠ ᠨᠠᠷ᠂ ᠳᠣᠣᠷ᠎ᠠ ᠳᠡᠭᠦᠦ ᠪᠢ ᠪᠠᠢᠲᠠᠯ᠎ᠠ ᠬᠠᠭᠠᠨ ᠡᠴᠢᠭᠡ ᠲᠠᠨ ᠢ᠋ ᠡᠨᠡ ᠮᠡᠲᠦ ᠰᠣᠩᠭᠣᠵᠤ᠂ ᠢᠷᠭᠡ ᠮᠡᠲᠦ ᠢᠯᠢᠵᠦ᠂ ᠶᠡᠬᠡ ᠣᠷᠣ ᠪᠠᠨ ᠪᠡᠶ᠎ᠡ ᠳ᠋ᠦ᠍ ᠴᠢᠨᠢ ᠲᠤᠯᠵᠤ᠂ ᠣᠯᠠᠨ ᠤᠯᠤᠰ ᠢ᠋ ᠳᠡᠭᠡᠷ᠎ᠡ ᠴᠢᠨᠢ ᠠᠴᠢᠵᠤ ᠥᠭᠴᠦ᠂ ᠬᠠᠭᠠᠨ ᠣᠷᠣ ᠶ᠋ᠢ ᠵᠠᠯᠭᠠᠭᠤᠯᠤᠭᠰᠠᠨ ᠨᠢ ᠤᠴᠢᠷ ᠲᠠᠢ ᠪᠤᠰᠤ ᠤᠤ ᠭᠡᠵᠦ ᠬᠡᠯᠡᠭᠡᠳ ᠥᠭᠡᠳᠡᠢ ᠬᠠᠭᠠᠨ ᠤ᠋ ᠡᠮᠦᠨ᠎ᠡ ᠣᠴᠢᠨ᠂
— ᠡᠴᠢᠭᠡ ᠮᠢᠨᠢ ᠨᠠᠮᠠᠶ᠋ᠢ ᠬᠠᠭᠠᠨ ᠠᠬ᠎ᠠ ᠶ᠋ᠢᠨ ᠳᠡᠷᠭᠡᠳᠡ ᠪᠠᠢᠵᠤ ᠤᠮᠠᠷᠲᠠᠭᠰᠠᠨ ᠢ᠋ ᠰᠠᠨᠠᠭᠤᠯᠵᠤ᠂ ᠤᠨᠲᠠᠭᠰᠠᠨ ᠢ᠋ ᠰᠡᠷᠡᠭᠡᠵᠦ ᠶᠠᠪᠤ ᠭᠡᠵᠦ ᠵᠠᠬᠢᠭᠰᠠᠨ᠃ ᠣᠳᠣ ᠬᠠᠭᠠᠨ ᠠᠬ᠎ᠠ ᠲᠠᠨ ᠢ᠋ ᠠᠯᠳᠠᠪᠠᠯ ᠪᠢ ᠬᠡᠨ ᠢ᠋ ᠤᠨᠲᠠᠭᠰᠠᠨ ᠢ᠋ ᠰᠡᠷᠡᠭᠡᠵᠦ᠂ ᠤᠮᠠᠷᠲᠠᠭᠰᠠᠨ ᠢ᠋ ᠰᠠᠨᠠᠭᠤᠯᠵᠤ ᠶᠠᠪᠤᠬᠤ ᠪᠢᠯᠡ᠃ ᠬᠠᠭᠠᠨ ᠠᠬ᠎ᠠ ᠶ᠋ᠢᠨ ᠣᠷᠣᠨ ᠳ᠋ᠤ᠌ ᠪᠢ ᠵᠣᠯᠢᠶ᠎ᠠ ᠪᠣᠯᠤᠶ᠎ᠠ ᠭᠡᠳ ᠲᠡᠷᠡ ᠪᠡᠷ ᠲᠩᠷᠢ ᠥᠭᠡᠳᠡ ᠭᠠᠷ ᠢ᠋ᠶ᠋ᠠᠨ ᠳᠡᠯᠭᠡᠨ᠄
— ᠮᠥᠩᠬᠡ ᠲᠡᠭᠷᠢ ᠪᠦᠭᠦᠳᠡ ᠶ᠋ᠢ ᠪᠣᠯᠭᠣᠭᠠᠳᠠᠭ ᠪᠢᠯᠡ᠃ ᠬᠡᠷᠪᠡ ᠥᠭᠡᠳᠡᠢ ᠠᠬ᠎ᠠ ᠶ᠋ᠢ ᠨᠢᠭᠦᠯ ᠬᠢᠭᠰᠡᠨ ᠦ᠌ ᠬᠢᠨᠢ ᠲᠥᠯᠥᠭᠡ ᠠᠪᠴᠤ ᠶᠠᠪᠤᠬᠤ ᠭᠡᠵᠦ ᠪᠠᠢᠭ᠎ᠠ ᠪᠣᠯ ᠪᠢ ᠲᠡᠭᠦᠨ ᠡᠴᠡ ᠴᠦ᠍ ᠢᠯᠡᠭᠦᠦ ᠬᠣᠲᠠ ᠲᠣᠰᠬᠣᠳ ᠢ᠋ ᠡᠵᠡᠯᠡᠵᠦ᠂ ᠠᠯᠠᠵᠤ ᠲᠡᠯᠡᠵᠦ᠂ ᠡᠮᠡᠰ ᠥᠬᠢᠳ ᠢ᠋ ᠣᠯᠵᠠᠯᠠᠵᠤ ᠶᠠᠪᠤᠭᠰᠠᠨ᠃ ᠬᠡᠷᠪᠡ ᠥᠭᠡᠳᠡᠢ ᠠᠬ᠎ᠠ ᠶ᠋ᠢ ᠥᠷᠥᠰᠢᠶᠡᠯ ᠡᠨᠡᠷᠢᠩᠭᠦᠢ ᠪᠠᠭᠠᠲᠤᠷ ᠵᠣᠷᠢᠭ ᠲᠠᠢ ᠭᠡᠵᠦ ᠪᠠᠢᠭ᠎ᠠ ᠪᠣᠯ ᠪᠢ ᠲᠡᠭᠦᠨ ᠡᠴᠡ ᠢᠯᠡᠭᠦᠦ ᠥᠷᠥᠰᠢᠶᠡᠯ ᠲᠡᠢ ᠪᠠᠭᠠᠲᠤᠷᠯᠢᠭ ᠲᠤᠯᠠ ᠣᠷᠣᠨ ᠳ᠋ᠤᠨᠢ ᠨᠠᠮᠠᠶ᠋ᠢ ᠠᠪᠤᠭᠠᠳ ᠶᠠᠪᠤ ᠭᠡᠯᠡ᠃ ᠡᠨᠡ ᠦᠭᠡ ᠶ᠋ᠢ ᠰᠣᠨᠣᠰᠤᠭᠰᠠᠨ ᠪᠥᠬᠡ ᠨᠠᠷ ᠴᠠᠩ ᠬᠡᠩᠭᠡᠷᠭᠡ ᠪᠡᠨ ᠴᠣᠬᠢᠨ ᠶᠡᠬᠡ ᠳᠠᠭᠤ ᠭᠠᠷᠭᠠᠨ ᠲᠩᠷᠢ ᠲᠡᠢ ᠶᠠᠷᠢᠵᠤ ᠪᠠᠢᠭᠠᠳ ᠪᠠᠭᠤᠵᠤ ᠢᠷᠡᠬᠦ ᠳ᠋ᠡᠭᠡᠨ 《ᠬᠠᠭᠠᠨ ᠢ᠋ ᠣᠷᠣᠯᠠᠬᠤ ᠬᠥᠮᠦᠨ ᠬᠠᠭᠠᠨ ᠯᠠ ᠪᠠᠢᠳᠠᠭ ᠶᠤᠮ 》ᠭᠡᠰᠡᠨ ᠤᠴᠢᠷ ᠪᠢᠲᠡᠭᠦᠯᠢᠭ ᠦᠭᠡᠰ ᠢ᠋ ᠬᠡᠯᠡᠪᠡ᠃ ᠪᠥᠬᠡ ᠶ᠋ᠢᠨ ᠡᠨᠡ ᠦᠭᠡ ᠶ᠋ᠢ ᠰᠣᠨᠣᠰᠤᠭᠠᠳ ᠬᠥᠮᠦᠰ ᠭᠠᠢᠬᠠᠵᠠᠭᠠᠯᠠ᠃ ᠡᠴᠦᠰ ᠲᠦ᠋ᠨᠢ ᠬᠠᠷᠢ ᠢᠷᠭᠡᠨ ᠦ᠌ ᠯᠤᠤᠰ ᠰᠠᠪᠳᠠᠭ ᠬᠢᠯᠢᠩᠨᠡᠨ ᠵᠥᠪᠬᠡᠨ ᠬᠠᠭᠠᠨ ᠢ᠋ ᠯᠡ ᠠᠪᠴᠤ ᠶᠠᠪᠤᠬᠤ ᠪᠠᠷ ᠤᠯᠠᠢᠷᠠᠨ ᠪᠣᠢ ᠪᠣᠯᠤᠯᠲᠠᠢ ᠭᠡᠳᠡᠭ ᠢ᠋ ᠣᠢᠯᠠᠭᠠᠪᠠ᠃《ᠬᠠᠭᠠᠨ ᠢ᠋ ᠣᠷᠣᠯᠠᠬᠤ ᠬᠥᠮᠦᠨ ᠬᠠᠭᠠᠨ ᠯᠠ ᠪᠠᠢᠳᠠᠭ ᠶᠤᠮ》᠃
ᠠᠯᠲᠠᠨ ᠤᠷᠤᠭ ᠤ᠋ᠨ ᠬᠢᠨ ᠳᠣᠣᠷ᠎ᠠ ᠪᠦᠷᠢᠨ᠎ᠡ ᠭᠦᠨ ᠪᠣᠳᠣᠯ ᠳ᠋ᠤ᠌ ᠠᠪᠲᠠᠯ᠎ᠠ᠃ ᠡᠨᠡ ᠤᠳᠠᠭ᠎ᠠ ᠳ᠋ᠤ᠌ ᠬᠠᠭᠠᠨ ᠡᠵᠡᠨ ᠥᠪᠡᠷ ᠦ᠋ᠨ ᠪᠡᠶ᠎ᠡ ᠪᠡᠷ ᠶᠠᠪᠤᠬᠤ ᠠ᠋ᠴᠠ ᠥᠭᠡᠷ᠎ᠡ ᠵᠠᠮ ᠦᠭᠡᠢ ᠮᠡᠲᠦ᠃ ᠬᠡᠷᠬᠢᠬᠦ ᠪᠢᠯᠡ ᠭᠡᠰᠡᠨ ᠶᠠᠭᠠᠬᠢᠬᠤ ᠪᠠᠨ ᠮᠡᠳᠡᠬᠦ ᠦᠭᠡᠢ ᠬᠥᠮᠦᠰ ᠦ᠋ᠨ ᠳᠤᠮᠳᠠ ᠠ᠋ᠴᠠ ᠲᠤᠯᠤᠢ ᠪᠣᠰᠴᠤ᠂
— ᠪᠢ ᠡᠵᠡᠨ ᠬᠠᠭᠠᠨ ᠤ᠋ ᠤᠳᠬᠤᠨ ᠬᠦᠦ ᠭᠠᠯ ᠭᠣᠯᠣᠮᠲᠠ ᠶ᠋ᠢᠨ ᠡᠵᠡᠨ ᠲᠤᠯᠠ ᠬᠠᠭᠠᠨ ᠪᠣᠯᠬᠤ ᠤᠴᠢᠷ ᠲᠠᠢ᠃ ᠨᠠᠮᠠᠶ᠋ᠢ ᠦᠳᠲᠡᠷ ᠲᠦᠷᠭᠡᠨ ᠡᠵᠡᠨ ᠬᠠᠭᠠᠨ ᠤ᠋ ᠰᠢᠷᠡᠭᠡᠨ ᠳ᠋ᠦ᠍ ᠵᠠᠯ᠎ᠠ ᠭᠡᠰᠡᠨ ᠬᠠᠴᠢᠨ ᠦᠭᠡ ᠬᠡᠯᠡᠬᠦ ᠳ᠋ᠦ᠍ ᠬᠥᠮᠦᠰ ᠪᠦᠷ ᠴᠦ᠍ ᠪᠠᠯᠮᠠᠭᠳᠠᠯᠠ᠃ ᠲᠤᠯᠤᠢ ᠰᠢᠢᠳᠮᠡᠭ ᠬᠠᠷᠠᠴᠠ ᠪᠠᠷ ᠲᠡᠳᠡᠨ ᠢ᠋ ᠬᠠᠷᠠᠵᠤ᠂
— ᠨᠠᠮᠠᠶ᠋ᠢ ᠬᠠᠭᠠᠨ ᠡᠷᠭᠦᠮᠵᠢᠯᠡᠬᠦ ᠶᠣᠰᠣ ᠶ᠋ᠢ ᠦᠢᠯᠡᠳᠦᠨ᠂ ᠬᠠᠭᠠᠨ ᠰᠢᠷᠡᠭᠡᠨ᠎ᠠ ᠵᠠᠯᠠᠷᠠᠭᠰᠠᠨ ᠤ᠋ ᠳᠠᠷᠠᠭ᠎ᠠ ᠵᠣᠯᠢᠶ᠎ᠠ ᠪᠣᠯᠭᠠᠨ ᠢᠯᠡᠭᠡᠭᠲᠦᠨ ᠭᠡᠬᠦ ᠳ᠋ᠦ᠍ ᠰᠠᠶᠢ ᠲᠡᠳᠡ ᠣᠢᠯᠠᠭᠠᠪᠠ᠃ ᠰᠡᠩᠳᠡ ᠮᠡᠩᠳᠡᠬᠡᠨ ᠪᠣᠯᠵᠤ ᠪᠣᠢ ᠡᠨᠡ ᠶᠣᠰᠣᠯᠠᠯ ᠠᠯᠤᠰ ᠠ᠋ᠴᠠ ᠪᠣᠯ ᠬᠠᠷᠠᠭᠳᠠᠬᠤ ᠲᠠᠢ ᠦᠭᠡᠢ ᠲᠡᠢ ᠰᠦᠮᠡᠯᠵᠡᠨ ᠪᠠᠢᠬᠤ ᠳ᠋ᠤ᠌ ᠶᠡᠬᠡ ᠴᠡᠷᠢᠭ ᠦ᠋ᠳ ᠬᠠᠭᠠᠨ ᠤ᠋ ᠠᠰᠠᠷ ᠲᠤ ᠶᠠᠭᠤ ᠪᠣᠯᠵᠤ ᠪᠠᠢᠭ᠎ᠠ ᠶ᠋ᠢ ᠳᠣᠣᠷ᠎ᠠ ᠪᠦᠷᠢᠨ᠎ᠡ ᠲᠠᠭᠠᠮᠠᠭᠯᠠᠬᠤ ᠶ᠋ᠢ ᠤᠷᠤᠯᠳᠤᠨ ᠪᠠᠢᠯ᠎ᠠ᠃ ᠪᠡᠶ᠎ᠡ ᠡᠪᠡᠳᠴᠢᠲᠡᠢ ᠥᠭᠡᠳᠡᠢ ᠬᠠᠭᠠᠨ ᠢ᠋ ᠰᠡᠨᠳᠡᠢ ᠡᠴᠡ ᠨᠢ ᠡᠷᠭᠦᠨ ᠪᠠᠭᠤᠯᠭᠠᠵᠤ᠂ ᠣᠷᠣᠨ ᠳ᠋ᠤᠨᠢ ᠲᠤᠯᠤᠢ ᠡᠵᠡᠨ ᠢ᠋ ᠵᠠᠯᠠᠨ ᠰᠠᠭᠤᠯᠭᠠᠯ᠎ᠠ᠃
《ᠶᠡᠬᠡ ᠮᠣᠩᠭᠣᠯ ᠤᠯᠤᠰ ᠤ᠋ᠨ ᠡᠵᠡᠨ ᠬᠠᠭᠠᠨ》 ᠬᠡᠮᠡᠬᠦ ᠰᠦᠷᠯᠢᠭ ᠳᠠᠭᠤ ᠠᠰᠠᠷ ᠤ᠋ᠨ ᠵᠦᠭ ᠡᠴᠡ ᠬᠠᠳᠠᠨ᠎ᠠ᠃ ᠥᠭᠡᠳᠡᠢ ᠬᠠᠭᠠᠨ ᠢ᠋ ᠡᠷᠭᠦᠨ ᠲᠤᠯᠤᠢ ᠶ᠋ᠢᠨ ᠤᠷᠲᠤ ᠣᠯᠪᠣᠭ ᠳᠡᠭᠡᠷ᠎ᠡ ᠰᠠᠭᠤᠯᠭᠠᠵᠤ᠂ ᠠᠷᠤ ᠠ᠋ᠴᠠ ᠨᠢ ᠬᠥᠮᠦᠰ ᠲᠦᠰᠢᠭᠰᠡᠨ ᠬᠠᠷᠠᠭᠳᠠᠨ᠎ᠠ᠃ ᠬᠠᠭᠠᠨ ᠡᠵᠡᠨ ᠦ᠌ ᠥᠨᠳᠥᠷ ᠰᠡᠨᠳᠡᠢ ᠳ᠋ᠦ᠍ ᠰᠠᠭᠤᠭᠰᠠᠨ ᠲᠤᠯᠤᠢ ᠮᠥᠩᠬᠡ ᠲᠩᠷᠢ ᠶ᠋ᠢᠨ ᠳᠣᠣᠷ᠎ᠠ ᠬᠤᠷᠠᠯᠳᠤᠨ ᠪᠣᠢ ᠠᠭᠠᠳᠠᠷ ᠤ᠋ᠨ ᠶᠡᠬᠡ ᠡᠭᠦᠯᠡᠰ ᠢ᠋ ᠬᠠᠷᠠᠬᠤ ᠳ᠋ᠤ᠌ ᠠᠨᠢᠰᠬ᠎ᠠ ᠨᠢ ᠴᠢᠬᠢᠭᠳᠡᠯᠡ᠃
— ᠪᠢ ᠨᠢᠭᠡᠨᠲᠡ ᠶᠡᠬᠡ ᠮᠣᠩᠭᠣᠯ ᠤᠯᠤᠰ ᠤ᠋ᠨ ᠡᠵᠡᠨ ᠬᠠᠭᠠᠨ ᠢ᠋ᠶ᠋ᠠᠷ ᠵᠠᠯᠠᠷᠠᠭᠰᠠᠨ ᠲᠤᠯᠠ ᠨᠠᠮᠠᠶ᠋ᠢ ᠠᠪ ᠬᠡᠮᠡᠭᠡᠳ ᠲᠡᠷᠡ ᠪᠡᠷ ᠥᠭᠡᠳᠡᠢ ᠬᠠᠭᠠᠨ ᠳ᠋ᠤ᠌ ᠬᠠᠨᠳᠤᠨ᠂
— ᠥᠨᠥᠴᠢᠨ ᠥᠴᠦᠬᠡᠨ ᠬᠥᠪᠡᠭᠦᠳ ᠢ᠋ ᠮᠢᠨᠢ᠂ ᠪᠡᠯᠪᠡᠰᠦᠨ ᠬᠣᠴᠣᠷᠤᠭᠰᠠᠨ ᠬᠠᠲᠤᠨ ᠢ᠋ ᠮᠢᠨᠢ ᠬᠠᠨᠲᠠᠯ᠎ᠠ ᠠᠰᠠᠷᠠᠨ ᠰᠠᠭᠤᠬᠤ ᠪᠠᠨ ᠠᠬ᠎ᠠ ᠮᠢᠨᠢ ᠲᠠ ᠮᠡᠳᠡᠲᠦᠭᠡᠢ ᠭᠡᠵᠦ ᠬᠡᠯᠡᠭᠡᠳ ᠡᠮᠦᠨᠡᠬᠢ ᠲᠠᠯᠪᠢᠭᠠᠰᠤᠲᠠᠢ ᠪᠥᠬᠡ ᠶ᠋ᠢᠨ ᠰᠢᠪᠰᠢᠯᠭᠡ ᠲᠡᠢ ᠤᠰᠤ ᠶ᠋ᠢ ᠠᠪᠴᠤ ᠨᠢᠭᠡᠨ ᠠᠮᠢᠰᠬᠤᠭ᠎ᠠ ᠪᠠᠷ ᠬᠥᠨᠲᠥᠷᠦᠯᠡ᠃ ᠲᠤᠯᠤᠢ ᠰᠢᠪᠰᠢᠯᠭᠡ ᠲᠡᠢ ᠤᠰᠤ ᠶ᠋ᠢ ᠤᠤᠭᠤᠭᠰᠠᠨ ᠤ᠋ ᠳᠠᠷᠠᠭ᠎ᠠ ᠬᠡᠰᠡᠭ ᠰᠠᠭᠤᠭᠠᠳ ᠨᠢᠳᠦ ᠪᠡᠨ ᠠᠨᠢᠨ ᠬᠠᠵᠠᠭᠤ ᠲᠡᠢᠰᠢ ᠨᠠᠯᠠᠨ ᠤᠨᠠᠯ᠎ᠠ᠃ ᠳᠣᠣᠷᠠᠬᠠᠨ ᠲᠠᠯ᠎ᠠ ᠳ᠋ᠤ᠌ ᠰᠠᠭᠤᠵᠤ ᠪᠠᠢᠭᠰᠠᠨ ᠥᠭᠡᠳᠡᠢ ᠬᠠᠭᠠᠨ ᠬᠦᠴᠦᠯᠡᠨ ᠪᠣᠰᠴᠤ ᠲᠤᠯᠤᠢ ᠶ᠋ᠢ ᠲᠣᠰᠣᠨ ᠠᠪᠤᠪᠠ᠃
—ᠲᠤᠯᠤᠢ᠂ ᠲᠤᠯᠤᠢ ᠮᠢᠨᠢ᠁ ᠳᠡᠭᠦᠦ ᠮᠢᠨᠢ᠃ ᠮᠥᠩᠬᠡ ᠲᠩᠷᠢ ᠮᠢᠨᠢ᠁ ᠭᠡᠭᠰᠡᠭᠡᠷ ᠥᠭᠡᠳᠡᠢ ᠬᠠᠭᠠᠨ ᠲᠤᠯᠤᠢ ᠳᠡᠭᠦᠦ ᠪᠡᠨ ᠡᠯᠢᠭᠡᠨ ᠳ᠋ᠡᠭᠡᠨ ᠲᠡᠪᠡᠷᠢᠵᠡᠢ᠃ ᠲᠤᠯᠤᠢ ᠳᠠᠬᠢᠨ ᠨᠢᠭᠡ ᠨᠢᠳᠦ ᠪᠡᠨ ᠨᠡᠭᠡᠭᠡᠵᠦ᠂ ᠥᠭᠡᠳᠡᠢ ᠬᠠᠭᠠᠨ ᠢ᠋ ᠡᠴᠦᠰ ᠦ᠋ᠨ ᠤᠳᠠᠭ᠎ᠠ ᠬᠠᠷᠠᠨ ᠨᠢᠭᠡ ᠰᠠᠢᠬᠠᠨ ᠢᠨᠢᠶᠡᠪᠬᠢᠯᠡᠭᠡᠳ《ᠬᠠᠭᠠᠨ ᠤ᠋ ᠣᠷᠣᠨ ᠳ᠋ᠤ᠌ ᠬᠠᠭᠠᠨ ᠶᠠᠪᠤᠯ᠎ᠠ》 ᠭᠡᠵᠦ ᠬᠡᠯᠡᠭᠡᠳ ᠳᠠᠬᠢᠨ ᠨᠢᠳᠦ ᠪᠡᠨ ᠠᠨᠢᠯ᠎ᠠ᠃ ᠥᠭᠡᠳᠡᠢ ᠬᠠᠭᠠᠨ ᠳᠡᠭᠦᠦ ᠪᠡᠨ ᠬᠦᠴᠦᠯᠡᠨ ᠤᠭᠵᠠᠷᠠᠵᠤ ᠳᠠᠭᠤᠳᠠᠭᠰᠠᠨ ᠪᠣᠯᠪᠠᠴᠤ ᠲᠡᠷᠡ ᠰᠡᠷᠡᠭᠰᠡᠨ ᠦᠭᠡᠢ᠃
— ᠲᠤᠯᠤᠢ᠂ ᠲᠤᠯᠤᠢ ᠮᠢᠨᠢ᠁
ᠲᠤᠯᠤᠢ ᠶ᠋ᠢᠨ ᠭᠠᠷ ᠰᠤᠯᠠᠷᠠᠨ ᠤᠨᠵᠢᠵᠤ᠂ ᠥᠭᠡᠳᠡᠢ ᠶ᠋ᠢᠨ ᠡᠪᠦᠷ ᠳᠡᠭᠡᠷ᠎ᠡ ᠤᠨᠠᠬᠤ ᠳ᠋ᠤ᠌ ᠬᠠᠭᠠᠨ ᠲᠡᠭᠦᠨ ᠦ᠌ ᠴᠡᠭᠡᠵᠢ ᠪᠡᠷ ᠴᠢᠩᠭ᠎ᠠ ᠲᠡᠪᠡᠷᠢᠭᠰᠡᠨ ᠪᠠᠢᠯ᠎ᠠ᠃ ᠥᠭᠡᠳᠡᠢ ᠶ᠋ᠢᠨ ᠭᠠᠷ ᠴᠢᠩᠭᠠᠷᠠᠨ ᠳᠡᠭᠦᠦ ᠪᠡᠨ ᠲᠡᠪᠡᠷᠢᠬᠦ ᠲᠣᠰᠤᠮ ᠲᠤᠯᠤᠢ ᠶ᠋ᠢᠨ ᠪᠡᠶ᠎ᠡ ᠰᠤᠯᠠᠷᠠᠨ ᠤᠨᠵᠢᠵᠤ ᠪᠠᠢᠯ᠎ᠠ᠃ ᠬᠡᠳᠦᠬᠡᠨ ᠬᠣᠷᠣᠮ ᠤ᠋ᠨ ᠡᠮᠦᠨ᠎ᠡ ᠬᠠᠷᠠᠬᠤᠶ᠎ᠠ ᠪᠡᠷᠬᠡ ᠠᠯᠵᠢᠶᠠᠨ ᠪᠠᠢᠭᠰᠠᠨ ᠥᠭᠡᠳᠡᠢ ᠶ᠋ᠢᠨ ᠪᠡᠶ᠎ᠡ ᠢᠯᠡᠳᠲᠡ ᠳᠡᠭᠡᠷᠡᠳᠡᠭᠰᠡᠨ ᠮᠡᠲᠦ ᠬᠠᠷᠠᠭᠳᠠᠬᠤ ᠳ᠋ᠤ᠌ ᠲᠤᠯᠤᠢ ᠮᠥᠩᠬᠡ ᠨᠣᠢᠷᠤᠨ ᠳ᠋ᠠᠭᠠᠨ ᠣᠳᠤᠭᠰᠠᠨ ᠪᠠᠢᠪᠠ᠃
ᠬᠠᠭᠠᠨ ᠡᠵᠡᠨ ᠦ᠌ ᠬᠠᠯᠬᠠᠯᠠᠬᠤ ᠶᠡᠬᠡ ᠭᠠᠰᠢᠭᠤᠳᠠᠯ ᠤ᠋ᠨ ᠳᠤᠮᠳᠠᠭᠤᠷ ᠰᠢᠷ᠎ᠠ ᠲᠡᠭᠳᠡᠭᠡᠷ ᠡᠴᠡ ᠬᠣᠯᠠ ᠦᠭᠡᠢᠬᠡᠨ ᠥᠪᠡᠷ ᠦ᠋ᠨ ᠶᠡᠬᠡ ᠴᠡᠷᠢᠭ ᠲᠡᠢ ᠪᠡᠨ ᠳᠠᠢᠳᠤᠵᠤ ᠶᠠᠪᠤᠭᠰᠠᠨ ᠮᠥᠩᠬᠡ ᠳᠠᠪᠬᠢᠨ ᠢᠷᠡᠯ᠎ᠡ᠃ ᠣᠯᠠᠨ ᠴᠤᠭᠯᠠᠭᠰᠠᠨ ᠬᠠᠭᠠᠨ ᠤ᠋ ᠠᠰᠠᠷ ᠲᠤ ᠣᠢᠷᠠᠲᠤᠨ ᠢᠷᠡᠬᠦ ᠦᠶ᠎ᠡ ᠳ᠋ᠦ᠍ ᠲᠡᠭᠦᠨ ᠦ᠌ ᠡᠴᠢᠭᠡ᠂ ᠥᠭᠡᠳᠡᠢ ᠬᠠᠭᠠᠨ ᠤ᠋ ᠲᠡᠪᠡᠷᠢ ᠳ᠋ᠦ᠍ ᠡᠴᠦᠰ ᠦ᠋ᠨ ᠠᠮᠢᠰᠬᠤᠯ ᠢ᠋ᠶ᠋ᠠᠨ ᠬᠤᠷᠢᠶᠠᠵᠤ ᠪᠠᠢᠭ᠎ᠠ ᠶ᠋ᠢ ᠣᠯᠵᠤ ᠬᠠᠷᠠᠪᠠ᠃ ᠶᠠᠭᠤ ᠪᠣᠯᠤᠭᠠᠳ ᠪᠠᠢᠭ᠎ᠠ ᠶ᠋ᠢ ᠭᠦᠢᠴᠡᠳ ᠤᠬᠠᠭᠠᠷᠠᠵᠤ ᠠᠮᠵᠢᠭ᠎ᠠ ᠦᠭᠡᠢ ᠮᠥᠩᠬᠡ ᠡᠴᠢᠭᠡ ᠶ᠋ᠢᠨ ᠵᠦᠭ ᠬᠠᠷᠠᠢᠨ ᠣᠴᠢᠪᠠᠯ ᠲᠡᠷᠡ ᠨᠢᠭᠡᠨᠲᠡ ᠠᠮᠢᠰᠬᠤᠯ ᠬᠤᠷᠢᠶᠠᠭᠰᠠᠨ ᠪᠠᠢᠯ᠎ᠠ᠃ ᠭᠡᠨᠡᠳᠲᠡ ᠶ᠋ᠢᠨ ᠡᠨᠡ ᠶᠠᠪᠤᠳᠠᠯ ᠪᠦᠬᠦ ᠬᠥᠮᠦᠨ ᠦ᠌ ᠨᠢᠳᠦᠨ ᠳᠡᠭᠡᠷ᠎ᠡ ᠪᠣᠯᠵᠤ ᠥᠩᠭᠡᠷᠡᠪᠡ᠃ ᠲᠤᠯᠤᠢ ᠡᠵᠡᠨ ᠦ᠌ ᠲᠣᠮᠣ ᠬᠦᠦ ᠮᠥᠩᠬᠡ ᠶ᠋ᠢᠨ ᠴᠤᠷᠬᠢᠷᠠᠨ ᠪᠠᠢᠬᠤ ᠳᠠᠭᠤᠨ ᠠ᠋ᠴᠠ ᠥᠭᠡᠷ᠎ᠡ ᠠᠨᠢᠷ ᠴᠢᠮᠡᠭᠡ ᠪᠠᠷᠤᠭ ᠦᠭᠡᠢ᠃ ᠠᠯᠲᠠᠨ ᠤᠷᠤᠭ ᠤ᠋ᠨ ᠡᠷᠬᠢᠮ ᠬᠥᠮᠦᠨ᠂ ᠴᠢᠩᠭᠢᠰ ᠬᠠᠭᠠᠨ ᠤ᠋ ᠪᠠᠭ᠎ᠠ ᠬᠦᠦ ᠲᠤᠯᠤᠢ ᠶ᠋ᠢᠨ ᠥᠭᠡᠳᠡ ᠪᠣᠯᠤᠭᠰᠠᠨ ᠤ᠋ ᠳᠠᠷᠠᠭᠠᠬᠠᠨ ᠥᠭᠡᠳᠡᠢ ᠬᠠᠭᠠᠨ ᠤ᠋ ᠪᠡᠶ᠎ᠡ ᠢᠯᠠᠷᠢᠰᠢᠵᠤ᠂ ᠠᠯᠲᠠᠨ ᠤᠯᠤᠰ ᠢ᠋ ᠴᠠᠭᠠᠰᠢ ᠳᠠᠢᠳᠤᠬᠤ ᠪᠠᠷ ᠣᠳᠬᠤ ᠠᠬᠤᠢ ᠳ᠋ᠤ᠌ ᠲᠤᠯᠤᠢ ᠡᠵᠡᠨ ᠦ᠌ ᠠᠯᠲᠠᠨ ᠱᠠᠷᠢᠯ ᠡᠬᠡ ᠨᠤᠲᠤᠭ ᠬᠡᠷᠦᠯᠦᠨ ᠤᠨᠤᠨ ᠤ᠋ ᠰᠠᠪᠠ ᠭᠠᠵᠠᠷ ᠶᠡᠬᠡ ᠠᠭᠤᠷᠠᠭ ᠲᠤ ᠬᠦᠷᠭᠡᠭᠳᠡᠬᠦ ᠪᠡᠷ ᠵᠠᠮ ᠳ᠋ᠤ᠌ ᠭᠠᠷᠤᠯ᠎ᠠ᠃
ᠭᠠᠵᠠᠷ ᠳᠡᠭᠡᠷᠡᠬᠢ ᠭᠠᠭᠴᠠ ᠲᠥᠷᠥᠭᠰᠡᠨ ᠳᠡᠭᠦᠦ ᠪᠡᠨ ᠮᠥᠩᠬᠡ ᠲᠩᠷᠢ ᠳ᠋ᠦ᠍ ᠵᠣᠯᠢᠭᠰᠠᠨ ᠬᠠᠭᠠᠨ ᠡᠵᠡᠨ ᠪᠡᠶ᠎ᠡ ᠢᠯᠠᠷᠢᠰᠢᠨ ᠡᠷᠡᠭᠦᠯ ᠪᠣᠯᠤᠭᠰᠠᠨ ᠴᠤ ᠰᠡᠳᠬᠢᠯ ᠡᠪᠡᠳᠦᠨ ᠰᠢᠷᠬᠠᠯᠠᠵᠤ᠂ ᠡᠨᠡ ᠰᠢᠷᠬ᠎ᠠ ᠲᠡᠭᠦᠨ ᠦ᠌ ᠵᠢᠷᠦᠬᠡ ᠰᠡᠳᠬᠢᠯ ᠳ᠋ᠦ᠍ ᠭᠦᠨ ᠭᠦᠨᠵᠡᠭᠡᠢ ᠣᠷᠣ ᠮᠥᠷ ᠢ᠋ᠶ᠋ᠡᠨ ᠡᠭᠦᠷᠢᠳᠡ ᠦᠯᠡᠳᠡᠭᠡᠭᠰᠡᠨ ᠪᠠᠢᠪᠠ᠃ ᠡᠬᠡ ᠨᠤᠲᠤᠭ ᠤ᠋ᠨ ᠵᠦᠭ ᠬᠥᠳᠡᠯᠵᠦ ᠪᠣᠢ ᠲᠤᠯᠤᠢ ᠶ᠋ᠢᠨ ᠱᠠᠷᠢᠯ ᠲᠠᠢ ᠰᠠᠯᠬᠤ ᠶᠣᠰᠣ ᠬᠢᠨ ᠵᠣᠭᠰᠣᠬᠤ ᠥᠭᠡᠳᠡᠢ ᠬᠠᠭᠠᠨ᠂
— ᠲᠩᠷᠢ ᠪᠣᠯᠤᠭᠰᠠᠨ ᠳᠡᠭᠦᠦ ᠮᠢᠨᠢ ᠣᠳᠣ ᠨᠠᠳᠠ ᠳ᠋ᠤ᠌ ᠬᠡᠨ ᠮᠠᠷᠲᠠᠭᠰᠠᠨ ᠢ᠋ ᠮᠢᠨᠢ ᠰᠠᠨᠠᠭᠤᠯᠵᠤ᠂ ᠤᠨᠲᠠᠭᠰᠠᠨ ᠢ᠋ ᠮᠢᠨᠢ ᠰᠡᠷᠡᠭᠡᠬᠦ ᠪᠢᠯᠡ᠃ ᠲᠩᠷᠢ ᠶ᠋ᠢᠨ ᠳᠣᠣᠷ᠎ᠠ ᠭᠠᠵᠠᠷ ᠤ᠋ᠨ ᠳᠡᠭᠡᠷ᠎ᠡ ᠪᠢ ᠬᠠᠭᠠᠨ ᠨᠡᠷ᠎ᠡ ᠲᠡᠢ ᠬᠠᠯᠬᠠᠯᠠᠨ ᠦᠯᠡᠲᠡᠯ᠎ᠡ ᠭᠡᠮᠡᠨ ᠤᠬᠢᠯᠠᠨ ᠭᠠᠰᠢᠭᠤᠳᠠᠨ᠎ᠠ᠃ ᠲᠡᠷᠡ ᠲᠤᠯᠤᠢ ᠶ᠋ᠢᠨ ᠠᠮᠤᠭᠤᠯᠠᠩ ᠨᠣᠢᠷᠰᠤᠬᠤ ᠴᠢᠷᠠᠢ ᠶ᠋ᠢ ᠳᠠᠬᠢᠨ ᠨᠢᠭᠡ ᠰᠡᠬᠦᠵᠦ ᠬᠠᠷᠠᠭᠠᠳ《ᠳᠡᠭᠦᠦ ᠮᠢᠨᠢ᠂ ᠴᠢ ᠬᠠᠭᠠᠨ ᠪᠠᠢᠵᠠᠢ》 ᠭᠡᠮᠡᠨ ᠳᠣᠲᠣᠷ᠎ᠠ ᠪᠠᠨ ᠬᠡᠯᠡᠪᠡ᠃ ᠭᠠᠵᠠᠷ ᠳᠡᠭᠡᠷᠡᠬᠢ ᠭᠠᠭᠴᠠ ᠳᠡᠭᠦᠦ ᠨᠢ ᠠᠬ᠎ᠠ ᠶ᠋ᠢᠨ ᠢ᠋ᠶ᠋ᠡᠨ ᠲᠥᠯᠥᠭᠡ ᠵᠣᠯᠢᠶ᠎ᠠ ᠪᠣᠯᠤᠨ ᠮᠥᠩᠬᠡ ᠲᠩᠷᠢ ᠳ᠋ᠦ᠍ ᠣᠳᠤᠭᠰᠠᠨ ᠭᠠᠰᠢᠭᠤᠨ ᠦᠨᠡᠨ ᠢ᠋ ᠭᠡᠲᠦᠯᠦᠨ ᠶᠠᠪᠤᠭ᠎ᠠ ᠬᠠᠭᠠᠨ ᠡᠵᠡᠨ ᠲᠥᠷᠥᠭᠰᠡᠨ ᠳᠡᠭᠦᠦ ᠭᠡᠳᠡᠭ ᠶᠠᠮᠠᠷᠬᠠᠨ ᠦᠨ᠎ᠡ ᠲᠡᠢ ᠬᠢᠭᠡᠳ ᠦᠨᠡᠨ ᠪᠠᠢᠳᠠᠭ ᠢ᠋ ᠥᠪᠡᠷ ᠦ᠋ᠨ ᠨᠢᠳᠦ ᠪᠡᠷ ᠦᠵᠡᠵᠦ ᠬᠠᠭᠠᠴᠠᠯ ᠤ᠋ᠨ ᠬᠠᠲᠠᠭᠤ ᠶ᠋ᠢ ᠪᠡᠶ᠎ᠡ ᠰᠡᠳᠬᠢᠯ ᠢ᠋ᠶ᠋ᠡᠷ ᠳᠤᠭᠤᠯᠤᠯ᠎ᠠ᠃ ᠲᠡᠷᠡ ᠪᠡᠷ᠄
— ᠶᠡᠬᠡ ᠬᠠᠭᠠᠨ ᠤ᠋ ᠰᠦᠷ ᠬᠦᠴᠦ᠂ ᠲᠩᠷᠢ ᠪᠣᠯᠤᠭᠰᠠᠨ ᠬᠠᠢᠷᠠᠲᠤ ᠳᠡᠭᠦᠦ ᠶ᠋ᠢᠨ ᠠᠯᠲᠠᠨ ᠱᠠᠷᠢᠯ ᠤ᠋ᠨ ᠡᠮᠦᠨ᠎ᠡ ᠲᠠᠩᠭᠠᠷᠢᠭ ᠡᠷᠭᠦᠶ᠎ᠡ᠂ ᠨᠢᠭᠡᠨ ᠴᠠᠭ ᠲᠤ ᠡᠴᠢᠭᠡ ᠬᠠᠭᠠᠨ《ᠡᠮᠦᠨ᠎ᠡ ᠵᠦᠭ ᠲᠦ᠍ ᠠᠯᠲᠠᠨ ᠤᠯᠤᠰ ᠪᠣᠢ ᠶ᠋ᠢ ᠥᠷᠯᠥᠭᠡ ᠪᠦᠬᠦᠨ ᠰᠠᠨᠠᠵᠤ ᠪᠠᠢ》 ᠭᠡᠵᠦ ᠵᠠᠬᠢᠭᠰᠠᠨ ᠢ᠋ ᠰᠠᠨᠠᠨ ᠡᠪᠦᠭᠡ ᠳᠡᠭᠡᠳᠦᠰ ᠦ᠋ᠨ ᠭᠡᠷᠢᠶᠡᠰ ᠢ᠋ ᠪᠡᠶᠡᠯᠡᠭᠦᠯᠬᠦ ᠪᠣᠯᠤᠨ᠎ᠠ᠃《ᠮᠥᠩᠬᠡ ᠲᠩᠷᠢ ᠪᠦᠬᠦᠨ ᠢ᠋ ᠮᠡᠳᠡᠲᠦᠭᠡᠢ》 ᠬᠡᠮᠡᠭᠡᠳ ᠨᠢᠯᠪᠤᠰᠤ ᠲᠠᠢ ᠨᠢᠳᠦ ᠪᠡᠷ ᠢ᠋ᠶ᠋ᠡᠨ ᠲᠤᠯᠤᠢ ᠶ᠋ᠢᠨ ᠠᠯᠲᠠᠨ ᠱᠠᠷᠢᠯ ᠢ᠋ ᠡᠴᠦᠰ ᠦ᠋ᠨ ᠤᠳᠠᠭ᠎ᠠ ᠬᠠᠷᠠᠭᠠᠳ ᠡᠷᠭᠢᠵᠦ᠂ ᠮᠣᠷᠢᠨ ᠳ᠋ᠠᠭᠠᠨ ᠲᠠᠰᠢᠭᠤᠷ ᠥᠭᠭᠦᠨ ᠣᠳᠤᠯ᠎ᠠ᠃ ᠠᠶᠠᠭ᠎ᠠ ᠲᠠᠢ ᠬᠠᠯᠠᠭᠤᠨ ᠴᠠᠢ ᠭᠡᠨᠡᠳᠲᠡ ᠠᠰᠬᠠᠷᠠᠵᠤ ᠰᠦᠨ ᠵᠠᠮ ᠲᠠᠲᠠᠭᠤᠯᠤᠨ ᠭᠠᠵᠠᠷ ᠰᠢᠩᠭᠡᠬᠦ ᠳ᠋ᠦ᠍ ᠰᠤᠷᠠᠬᠠᠨᠲᠠᠨᠢ ᠬᠠᠲᠤᠨ ᠥᠨᠳᠡᠢᠨ ᠪᠣᠰᠴᠠᠢ᠃ ᠲᠡᠭᠦᠨ ᠦ᠌ ᠨᠢᠳᠦᠨ ᠳ᠋ᠦ᠍ ᠥᠳᠬᠡᠨ ᠬᠠᠷ᠎ᠠ ᠮᠠᠨᠠᠨ ᠲᠠᠲᠠᠵᠤ ᠤᠳᠠᠬᠤ ᠦᠭᠡᠢ ᠠᠰᠬᠠᠷᠠᠬᠤ ᠭᠡᠵᠦ ᠪᠠᠢᠭ᠎ᠠ ᠨᠢᠯᠪᠤᠰᠤ ᠨᠢ ᠠᠶᠠᠭ᠎ᠠ ᠳᠦᠭᠦᠷᠡᠩ ᠢᠷᠡᠪᠡ᠃ ᠭᠡᠪᠡᠴᠦ ᠲᠡᠷᠡ ᠨᠢᠯᠪᠤᠰᠤ ᠰᠤᠷᠠᠬᠠᠨᠲᠠᠨᠢ ᠶ᠋ᠢᠨ ᠨᠢᠳᠦᠨ ᠡᠴᠡ ᠭᠠᠷᠤᠭᠰᠠᠨ ᠦᠭᠡᠢ ᠰᠢᠩᠭᠡᠨ ᠠᠯᠠᠭ᠎ᠠ ᠪᠣᠯᠬᠤ ᠰᠢᠭ᠋᠃ ᠲᠠᠯ᠎ᠠ ᠨᠤᠲᠤᠭ ᠲᠤ ᠮᠣᠷᠢᠨ ᠥᠷᠲᠡᠭᠡ ᠪᠡᠷ ᠢᠷᠡᠭᠰᠡᠨ ᠮᠡᠳᠡᠭᠡ ᠲᠠᠩᠳᠠ ᠰᠠᠢᠨ ᠢ᠋ ᠳᠣᠭᠣᠯᠭᠠᠬᠤ ᠨᠢ ᠦᠭᠡᠢ ᠪᠣᠯᠵᠠᠢ᠃ ᠡᠮᠦᠨ᠎ᠡ ᠨᠢ ᠰᠠᠭᠤᠬᠤ ᠡᠯᠴᠢ《ᠬᠠᠭᠠᠨ ᠠᠬ᠎ᠠ ᠶ᠋ᠢᠨ ᠢ᠋ᠶ᠋ᠡᠨ ᠡᠮᠦᠨ᠎ᠡ ᠡᠴᠡ ᠵᠣᠯᠢᠶ᠎ᠠ ᠪᠣᠯᠵᠠᠢ》 ᠭᠡᠵᠦ ᠬᠡᠯᠡᠬᠦ ᠶ᠋ᠢ ᠰᠣᠨᠣᠰᠤᠭᠰᠠᠨ ᠰᠤᠷᠠᠬᠠᠨᠲᠠᠨᠢ ᠤᠤᠭᠤᠵᠤ ᠰᠠᠭᠤᠭᠰᠠᠨ ᠠᠶᠠᠭ᠎ᠠ ᠲᠠᠢ ᠴᠠᠢ ᠪᠠᠨ ᠤᠨᠠᠭᠠᠨ ᠪᠣᠰᠴᠤ ᠢᠷᠡᠭᠰᠡᠨ ᠨᠢ ᠡᠨᠡ ᠪᠠᠢᠯ᠎ᠠ᠃《ᠬᠥᠬᠡᠳᠡᠢ ᠶ᠋ᠢᠨ ᠢᠷᠡᠭᠰᠡᠨ ᠡᠳᠦᠷ ᠡᠴᠡ ᠬᠣᠢᠰᠢ ᠳᠠᠭ᠎ᠠ ᠦᠭᠡᠢ ᠰᠤᠪᠢᠨ ᠲᠠᠲᠠᠭᠰᠠᠭᠠᠷ ᠪᠠᠢᠭᠰᠠᠨ ᠨᠢ ᠡᠨᠡ ᠬᠥᠮᠦᠨ ᠦ᠌ ᠠᠮᠠᠨ ᠠ᠋ᠴᠠ ᠭᠠᠷᠤᠭᠰᠠᠨ ᠮᠡᠳᠡᠭᠡ ᠪᠡᠷ ᠲᠠᠢᠯᠤᠭᠳᠠᠬᠤ ᠤᠴᠢᠷ ᠲᠠᠢ ᠪᠠᠢᠭᠰᠠᠨ ᠭᠡᠵᠦ ᠤᠤ》᠃ ᠰᠤᠷᠠᠬᠠᠨᠲᠠᠨᠢ ᠦᠭᠡ ᠬᠡᠯᠡᠭᠰᠡᠨ ᠦᠭᠡᠢ᠂ ᠵᠥᠪᠬᠡᠨ ᠢᠷᠡᠭᠰᠡᠨ ᠬᠥᠮᠦᠨ ᠢ᠋ ᠭᠠᠷᠴᠤ ᠪᠣᠯᠬᠤ ᠶ᠋ᠢ ᠳᠣᠬᠢᠭᠠᠳ ᠪᠤᠴᠠᠵᠤ ᠰᠠᠭᠤᠯ᠎ᠠ᠃ ᠬᠥᠪᠡᠭᠦᠳ ᠡᠬᠡ ᠶ᠋ᠢᠨ ᠢ᠋ᠶ᠋ᠡᠨ ᠬᠠᠮᠲᠤ ᠡᠨᠡ ᠮᠡᠳᠡᠭᠡ ᠶ᠋ᠢ ᠰᠣᠨᠣᠰᠤᠭᠠᠳ ᠠᠷᠢᠭᠪᠥ᠋ᠬᠡ ᠨᠠᠰᠤ ᠪᠠᠷ ᠪᠠᠭ᠎ᠠ ᠲᠤᠯᠠ ᠶᠠᠭᠤᠮᠠᠨ ᠤ᠋ ᠤᠴᠢᠷ ᠰᠠᠢᠨ ᠣᠢᠯᠠᠭᠠᠬᠤ ᠦᠭᠡᠢ ᠪᠠᠢᠭ᠎ᠠ ᠪᠣᠯᠤᠯᠲᠠᠢ᠂
— ᠡᠵᠢ ᠠ᠋᠂ ᠵᠣᠯᠢᠶ᠎ᠠ ᠪᠣᠯᠤᠨ᠎ᠠ ᠭᠡᠵᠦ ᠶᠠᠭᠤ ᠭᠡᠰᠡᠨ ᠦᠭᠡ ᠪᠣᠢ? ᠭᠡᠵᠦ ᠠᠰᠠᠭᠤᠬᠤ ᠳ᠋ᠤ᠌ ᠡᠬᠡ ᠨᠢ ᠬᠠᠷᠢᠭᠤ ᠬᠡᠯᠡᠭᠰᠡᠨ ᠦᠭᠡᠢ᠃ ᠲᠡᠷᠡ ᠡᠬᠡ ᠶ᠋ᠢᠨ ᠢ᠋ᠶ᠋ᠡᠨ ᠳᠡᠷᠭᠡᠳᠡ ᠣᠴᠢᠨ ᠬᠠᠨᠴᠤᠢ ᠠ᠋ᠴᠠ ᠨᠢ ᠲᠡᠳᠡᠨ ᠤᠭᠵᠠᠷᠠᠵᠤ ᠡᠨᠡ ᠦᠭᠡ ᠶ᠋ᠢ ᠳᠠᠬᠢᠨ ᠠᠰᠠᠭᠤᠬᠤ ᠳ᠋ᠤ᠌᠂ ᠭᠠᠰᠢᠭᠤᠳᠠᠯ ᠳ᠋ᠤ᠌ ᠪᠦᠷᠢᠨ᠎ᠡ ᠠᠪᠲᠠᠭᠰᠠᠨ ᠬᠤᠪᠢᠯᠠᠢ ᠳᠡᠭᠦᠦ ᠶ᠋ᠢᠨ ᠢ᠋ᠶ᠋ᠡᠨ ᠨᠥᠭᠦᠭᠡ ᠭᠠᠷ ᠠ᠋ᠴᠠ ᠲᠠᠲᠠᠵᠤ ᠬᠠᠵᠠᠭᠤ ᠳ᠋ᠠᠭᠠᠨ ᠰᠠᠭᠤᠯᠭᠠᠯ᠎ᠠ᠃ ᠰᠤᠷᠬᠠᠭᠲᠠᠨᠢ ᠳᠡᠪᠡᠯ ᠦ᠋ᠨ ᠢ᠋ᠶ᠋ᠡᠨ ᠬᠠᠨᠴᠤᠢ ᠶ᠋ᠢ ᠴᠢᠪᠴᠢᠷᠠᠲᠠᠯᠠ ᠠᠳᠬᠤᠵᠠᠢ᠃ ᠠᠨᠢᠰᠬᠠᠨ ᠳ᠋ᠤᠨᠢ ᠨᠢᠯᠪᠤᠰᠤ ᠲᠣᠷᠤᠭᠠᠳ ᠬᠠᠲᠠᠴᠢᠬᠠᠭᠰᠠᠨ ᠮᠡᠲᠦ ᠤᠨᠠᠬᠤ ᠴᠤ ᠦᠭᠡᠢ᠂ ᠰᠢᠩᠭᠡᠬᠦ ᠴᠤ ᠦᠭᠡᠢ ᠤᠰᠤᠨ ᠬᠥᠰᠢᠭᠡ ᠴᠡᠯᠡᠯᠵᠡᠨ ᠢᠷᠡᠪᠡ᠃ ᠠᠷᠢᠭᠪᠥ᠋ᠬᠡ ᠡᠵᠢ ᠠᠬ᠎ᠠ ᠨᠠᠷ ᠤ᠋ᠨ ᠢ᠋ᠶ᠋ᠠᠨ ᠪᠠᠢᠷᠢ ᠪᠠᠢᠳᠠᠯ ᠢ᠋ᠶ᠋ᠠᠷ ᠶᠠᠭᠤ ᠪᠣᠯᠤᠭᠠᠳ ᠪᠠᠢᠭ᠎ᠠ ᠶ᠋ᠢ ᠰᠠᠶᠢ ᠣᠢᠯᠠᠭᠠᠨ᠂
— ᠠᠪᠤ ᠠ᠋᠂ ᠠᠪᠤ ᠠ᠋ ᠭᠡᠵᠦ ᠴᠢᠩᠭ᠎ᠠ ᠪᠠᠷ ᠬᠠᠰᠬᠢᠷᠤᠨ ᠤᠬᠢᠯᠠᠬᠤ ᠳ᠋ᠤ᠌ ᠰᠠᠶᠢ ᠬᠥᠪᠡᠭᠦᠳ ᠦ᠋ᠨ ᠨᠢᠳᠦᠨ ᠳ᠋ᠦ᠍ ᠬᠤᠷᠠᠨ ᠢᠷᠡᠭᠰᠡᠨ ᠨᠢᠯᠪᠤᠰᠤ ᠬᠠᠴᠠᠷ ᠳᠡᠭᠡᠭᠦᠷ ᠨᠢ ᠵᠠᠮ ᠲᠠᠲᠠᠭᠤᠯᠤᠨ ᠤᠷᠤᠰᠤᠯ᠎ᠠ᠃ ᠬᠠᠷ᠎ᠠ ᠪᠠᠭ᠎ᠠ ᠠ᠋ᠴᠠ ᠪᠠᠨ ᠡᠨᠡᠭᠰᠢᠨ ᠳᠠᠰᠤᠭᠰᠠᠨ ᠬᠠᠢᠷᠠᠲᠠᠢ ᠨᠥᠬᠥᠷ ᠲᠤᠯᠤᠢ ᠨᠢ ᠦᠭᠡᠢ ᠪᠣᠯᠵᠠᠢ᠃ ᠵᠣᠪᠠᠯᠠᠩ ᠬᠡᠷᠪᠡ ᠲᠠᠢᠯᠵᠤ ᠪᠣᠯᠳᠠᠭ ᠬᠤᠪᠴᠠᠰᠤ ᠰᠢᠭ᠋᠂ ᠠᠪᠤᠭᠠᠳ ᠰᠢᠳᠡᠴᠢᠬᠡᠵᠦ ᠴᠤ ᠪᠣᠯᠳᠠᠭ ᠰᠠᠨ ᠪᠣᠯ ᠬᠡᠴᠢᠨᠡᠭᠡᠨ ᠠᠮᠠᠷ ᠪᠢᠯᠡ᠃ ᠭᠡᠪᠡᠴᠦ ᠲᠡᠷᠡ ᠠᠯᠢᠪᠠ ᠬᠥᠮᠦᠨ ᠦ᠌ ᠵᠢᠷᠦᠬᠡ ᠰᠡᠳᠬᠢᠯ ᠦ᠋ᠨ ᠡᠮᠵᠡᠭᠬᠡᠨ ᠬᠥᠨᠳᠡᠭᠦᠷ ᠲᠦ᠍ ᠥᠪᠡᠷ ᠦ᠋ᠨ ᠰᠢᠷᠬ᠎ᠠ ᠪᠠᠨ ᠡᠭᠦᠷᠢᠳᠡ ᠦᠯᠡᠳᠡᠭᠡᠳᠡᠭ ᠠᠶᠤᠯ ᠪᠢᠯᠡ᠃ ᠬᠠᠢᠷᠠᠯᠠᠵᠤ ᠪᠠᠢᠭᠰᠠᠨ ᠬᠥᠮᠦᠰ ᠨᠢ ᠡᠭᠡᠯᠵᠢ ᠳᠠᠷᠠᠭ᠎ᠠ ᠪᠠᠷ ᠮᠥᠩᠬᠡ ᠲᠩᠷᠢ ᠳ᠋ᠡᠭᠡᠨ ᠪᠤᠴᠠᠭᠰᠠᠨ ᠬᠦᠨᠳᠦ ᠡᠳᠦᠷ ᠦ᠋ᠳ ᠲᠦ᠍ ᠳᠠᠰᠤᠨ ᠦᠯᠡᠳᠡᠵᠦ ᠪᠠᠢᠭᠰᠠᠨ ᠴᠤ᠌ ᠬᠥᠭᠡᠷᠦᠬᠦᠢ ᠵᠢᠷᠦᠬᠡ ᠨᠢ ᠡᠨᠡ ᠤᠳᠠᠭ᠎ᠠ ᠳᠠᠰᠤᠨ ᠦᠯᠡᠳᠡᠵᠦ ᠴᠢᠳᠠᠬᠤ ᠤᠤ? ᠬᠣᠷᠸ᠎ᠠ ᠳᠡᠭᠡᠷᠡᠬᠢ ᠣᠯᠠᠨ ᠬᠠᠭᠠᠴᠠᠯ ᠤ᠋ᠨ ᠳᠤᠮᠳᠠ ᠠ᠋ᠴᠠ ᠬᠠᠨᠢ ᠢᠵᠢᠯᠢ ᠪᠡᠨ ᠠᠯᠳᠠᠬᠤ ᠰᠢᠭ᠋ ᠬᠡᠴᠡᠭᠦᠦ ᠵᠣᠪᠠᠯᠠᠩ ᠦᠭᠡᠢ ᠭᠡᠳᠡᠭ ᠢ᠋ ᠲᠡᠷᠡ ᠣᠳᠣ ᠥᠪᠡᠷ ᠦ᠋ᠨ ᠪᠡᠶ᠎ᠡ᠂ ᠵᠢᠷᠦᠬᠡ ᠰᠡᠳᠬᠢᠯ ᠢ᠋ᠶ᠋ᠡᠷ ᠢ᠋ᠶ᠋ᠡᠨ ᠠᠮᠰᠠᠵᠤ ᠪᠠᠢᠨ᠎ᠠ᠃ ᠶᠠᠭᠠᠬᠢᠭᠰᠠᠨ ᠳᠠᠭᠤᠰᠳᠠᠭ ᠦᠭᠡᠢ ᠵᠣᠪᠠᠯᠠᠩ᠂ ᠲᠤᠨᠲᠠᠷᠠᠳᠠᠭ ᠦᠭᠡᠢ ᠬᠠᠭᠠᠴᠠᠯ ᠪᠣᠢ? ᠡᠷᠭᠢᠵᠦ ᠢᠷᠡᠨ᠎ᠡ ᠭᠡᠵᠦ ᠬᠡᠯᠡᠭᠡᠳ ᠢᠨᠢᠶᠡᠭᠡᠳ ᠶᠠᠪᠤᠭᠰᠠᠨ ᠬᠥᠮᠦᠨ ᠢᠷᠡᠬᠦ ᠦᠭᠡᠢ ᠪᠡᠷ ᠶᠠᠪᠤᠵᠠᠢ᠂ ᠨᠠᠷᠠᠨ ᠠᠭᠤᠯᠠᠰ ᠤ᠋ᠨ ᠴᠠᠭᠠᠭᠤᠷ ᠣᠷᠣᠭᠠᠳ ᠠᠯᠠᠭ᠎ᠠ ᠪᠣᠯᠴᠢᠬᠠᠭᠰᠠᠨ ᠮᠡᠲᠦ ᠬᠠᠷᠠᠩᠭᠤᠢᠯᠠᠨ ᠬᠠᠷᠠᠭᠳᠠᠬᠤ ᠢᠷᠡᠭᠡᠳᠦᠢ ᠲᠡᠭᠦᠨ ᠢ᠋ ᠬᠡᠳᠦᠨ ᠬᠡᠦᠬᠡᠳ ᠲᠡᠢ ᠨᠢ ᠬᠦᠯᠢᠶᠡᠵᠦ ᠪᠠᠢᠭ᠎ᠠ ᠮᠡᠲᠦ᠃ ᠬᠠᠷᠠᠬᠤ ᠨᠢᠳᠦᠨ ᠪᠠᠢᠯ᠎ᠠ ᠴᠤ ᠬᠠᠷᠠᠭᠳᠠᠬᠤ ᠦᠭᠡᠢ ᠬᠠᠷᠠᠩᠭᠤᠢ ᠶ᠋ᠢ ᠭᠡᠲᠦᠯᠦᠨ ᠶᠠᠪᠤᠬᠤ ᠬᠡᠴᠢᠨᠡᠭᠡᠨ ᠠᠢᠳᠠᠰ ᠲᠠᠢ ᠪᠣᠢ?
ᠶᠡᠬᠡ ᠠᠭᠤᠷᠠᠭ ᠲᠤ ᠢᠷᠡᠭᠰᠡᠨ ᠭᠤᠨᠢᠭᠲᠤ ᠮᠡᠳᠡᠭᠡᠨ ᠡᠴᠡ ᠬᠡᠳᠦ ᠬᠣᠨᠣᠭ ᠤ᠋ᠨ ᠳᠠᠷᠠᠭ᠎ᠠ ᠰᠤᠷᠬᠠᠭᠲᠠᠨᠢ ᠡᠷ᠎ᠡ ᠨᠥᠬᠥᠷ ᠦ᠋ᠨ ᠢ᠋ᠶ᠋ᠡᠨ ᠠᠯᠲᠠᠨ ᠱᠠᠷᠢᠯ ᠢ᠋ ᠲᠣᠰᠣᠨ ᠠᠪᠤᠯ᠎ᠠ᠃ ᠠᠯᠤᠰ ᠠ᠋ᠴᠠ ᠣᠢᠷᠠᠲᠤᠨ ᠢᠷᠡᠵᠦ ᠪᠣᠢ ᠮᠣᠷᠢᠲᠠᠨ ᠨᠤᠭᠤᠳ ᠢ᠋ ᠪᠠᠶᠠᠷᠯᠠᠨ ᠤᠭᠲᠤᠵᠤ ᠲᠣᠰᠣᠨ ᠣᠴᠢᠳᠠᠭ ᠴᠠᠭ ᠶᠡᠬᠡ ᠠᠭᠤᠷᠠᠭ ᠲᠤ ᠦᠭᠡᠢ ᠪᠣᠯᠵᠠᠢ᠃ ᠭᠦᠨ ᠬᠦᠨᠳᠦᠳᠬᠡᠯ ᠲᠡᠢ᠂ ᠨᠢᠭᠡᠨ ᠭᠡᠮ ᠢ᠋ᠶ᠋ᠡᠷ ᠣᠢᠷᠠᠲᠤᠨ ᠢᠷᠡᠬᠦ ᠴᠤᠪᠤᠭ᠎ᠠ ᠲᠡᠷᠲᠡᠭᠡ ᠡᠴᠡ ᠠᠢᠰᠤᠢ᠃ ᠰᠤᠷᠬᠠᠭᠲᠠᠨᠢ ᠬᠡᠦᠬᠡᠳ ᠦ᠋ᠳ ᠲᠡᠢ ᠪᠡᠨ ᠲᠡᠷᠡ ᠵᠦᠭ ᠲᠦᠭᠰᠢᠭᠦᠷᠢᠲᠦ ᠨᠢᠳᠦ ᠪᠡᠷ ᠬᠠᠷᠠᠵᠤ ᠵᠣᠭᠰᠣᠨ᠎ᠠ᠃ ᠤᠯᠠᠮ ᠪᠦᠷ ᠣᠢᠷᠠᠲᠤᠨ ᠢᠷᠡᠵᠦ ᠪᠠᠢᠭ᠎ᠠ ᠡᠨᠡ ᠴᠣᠪᠣᠭᠠᠨ ᠳᠤᠮᠳᠠ ᠡᠷ᠎ᠡ ᠨᠥᠬᠥᠷ ᠨᠢ ᠰᠡᠷᠡᠭᠦᠨ ᠲᠤᠩᠭᠠᠯᠠᠭ ᠪᠤᠰᠤ᠂ ᠮᠥᠩᠬᠡ ᠶ᠋ᠢᠨ ᠨᠣᠢᠷ ᠢ᠋ᠶ᠋ᠠᠷ ᠨᠣᠢᠷᠰᠤᠨ ᠶᠠᠪᠤᠭ᠎ᠠ᠂ ᠰᠤᠷᠬᠠᠭᠲᠠᠨᠢ ᠬᠡᠦᠬᠡᠳ ᠦ᠋ᠨ ᠢ᠋ᠶ᠋ᠡᠨ ᠬᠠᠮᠲᠤ ᠣᠯᠠᠨ ᠤᠳᠠᠭ᠎ᠠ ᠢᠷᠡᠬᠦ ᠴᠤᠪᠤᠭ᠎ᠠ ᠶ᠋ᠢ ᠪᠠᠶᠠᠷᠯᠠᠨ ᠤᠭᠲᠤᠨ ᠪᠠᠢᠭᠰᠠᠨ ᠰᠠᠨ᠃
ᠨᠢᠭᠡᠨᠲᠡ ᠢᠷᠡᠭᠰᠡᠨ ᠬᠠᠭᠠᠴᠠᠯ ᠤ᠋ᠨ ᠳᠠᠭᠤ ᠴᠡᠭᠡᠵᠢᠨ ᠳᠣᠲᠣᠷ᠎ᠠ ᠨᠢ ᠴᠤᠷᠬᠢᠷᠠᠨ ᠪᠠᠢᠬᠤ ᠳ᠋ᠤ᠌ ᠬᠥᠮᠦᠨ ᠬᠡᠷᠬᠢᠬᠦ ᠪᠢᠯᠡ᠃ ᠡᠨᠡ ᠯᠡ ᠦᠶ᠎ᠡ ᠳ᠋ᠦ᠍ ᠲᠡᠭᠦᠨ ᠡᠴᠡ ᠮᠥᠩᠬᠡ ᠲᠩᠷᠢ ᠴᠤ ᠲᠡᠷᠡ᠂ ᠲᠩᠷᠢ ᠳ᠋ᠦ᠍ ᠰᠠᠭᠤᠭ᠎ᠠ ᠬᠠᠭᠠᠨ ᠡᠵᠡᠨ ᠴᠤ ᠲᠡᠷᠡ᠂ ᠡᠵᠢ ᠠᠪᠤ ᠨᠢ ᠴᠤ ᠲᠡᠷᠡ᠂ ᠪᠤᠷᠬᠠᠳ ᠬᠤᠪᠢᠯᠭᠠᠨ ᠴᠤ ᠲᠡᠷᠡ᠂ ᠪᠦᠭᠦᠳᠡ ᠳᠡᠩᠳᠡᠭᠦᠦ ᠠᠯᠤᠰ ᠲᠤ ᠣᠳᠤᠭᠰᠠᠨ ᠮᠡᠲᠦ ᠰᠠᠨᠠᠭᠳᠠᠨ᠎ᠠ᠃ ᠡᠭᠡᠷᠡᠮ᠎ᠡ ᠲᠠᠯ᠎ᠠ ᠶ᠋ᠢᠨ ᠡᠯᠢᠭᠡᠨ ᠳᠡᠭᠡᠷ᠎ᠡ ᠥᠨᠥᠴᠢᠨ ᠬᠡᠦᠬᠡᠳ ᠦ᠋ᠨ ᠢ᠋ᠶ᠋ᠡᠨ ᠬᠠᠮᠲᠤ ᠪᠠᠷ ᠡᠮᠲᠡᠷᠡᠵᠦ ᠦᠯᠡᠳᠡᠬᠦ ᠭᠠᠰᠢᠭᠤᠨ ᠬᠤᠪᠢ ᠲᠠᠪᠢᠯᠠᠩ ᠲᠡᠭᠦᠨ ᠢ᠋ ᠳᠠᠭᠠᠷᠢᠵᠠᠢ᠃ ᠴᠤᠪᠤᠭ᠎ᠠ ᠣᠢᠷᠠᠲᠤᠨ ᠲᠡᠳᠡᠨ ᠦ᠌ ᠳᠡᠷᠭᠡᠳᠡ ᠢᠷᠡᠵᠦ ᠵᠣᠭᠰᠣᠯ᠎ᠠ᠃
ᠡᠬᠡ ᠨᠤᠲᠤᠭ ᠢ᠋ᠶ᠋ᠠᠨ ᠰᠠᠨᠠᠭᠰᠠᠨ ᠮᠣᠷᠢᠳ ᠬᠦᠷᠲᠡᠯ᠎ᠡ ᠨᠤᠲᠤᠭ ᠲᠠᠭᠠᠨ ᠢᠷᠡᠵᠦ ᠬᠥᠯ ᠢ᠋ᠶ᠋ᠡᠨ ᠳᠡᠪᠰᠡᠨ᠂ ᠬᠠᠮᠠᠷ ᠢ᠋ᠶ᠋ᠠᠨ ᠳᠣᠷᠭᠢᠨ ᠢᠨᠴᠠᠭᠠᠳᠠᠭ ᠰᠠᠨ᠃ ᠡᠨᠡ ᠤᠳᠠᠭ᠎ᠠ ᠠᠮᠢᠲᠠᠳ ᠬᠦᠷᠲᠡᠯ᠎ᠡ ᠥᠪᠡᠷ ᠦ᠋ᠨ ᠵᠦᠩ ᠢ᠋ᠶ᠋ᠡᠷ ᠣᠢ ᠭᠠᠰᠢᠭᠤ ᠶ᠋ᠢ ᠮᠡᠳᠡᠷᠡᠵᠦ ᠪᠠᠢᠬᠤ ᠰᠢᠭ᠋ ᠨᠠᠮ ᠭᠦᠮ᠃ ᠡᠴᠢᠭᠡ ᠶ᠋ᠢᠨ ᠢ᠋ᠶ᠋ᠡᠨ ᠠᠯᠲᠠᠨ ᠱᠠᠷᠢᠯ ᠢ᠋ ᠠᠪᠴᠤ ᠢᠷᠡᠭᠰᠡᠨ ᠮᠥᠩᠬᠡ ᠬᠦᠦ ᠨᠢ ᠡᠬᠡ ᠶ᠋ᠢᠨ ᠥᠭᠡᠳᠡ ᠡᠴᠡ ᠬᠡᠯᠡᠬᠦ ᠦᠭᠡ ᠣᠯᠳᠠᠬᠤ ᠦᠭᠡᠢ ᠪᠠᠢᠭ᠎ᠠ ᠪᠣᠯᠤᠯᠲᠠᠢ᠂ ᠬᠡᠷᠬᠢᠬᠦ ᠪᠡᠨ ᠮᠡᠳᠡᠬᠦ ᠦᠭᠡᠢ ᠴᠣᠪᠣᠭᠠᠨ ᠤ᠋ ᠳᠤᠮᠳᠠᠬᠢ ᠰᠡᠦᠬᠡ ᠲᠡᠷᠭᠡ ᠶ᠋ᠢ ᠬᠠᠷᠠᠯ᠎ᠠ᠃ ᠠᠯᠢᠪᠠ ᠨᠢᠭᠡᠨ ᠵᠦᠢᠯ ᠲᠣᠬᠢᠶᠠᠬᠤ ᠳ᠋ᠤ᠌ ᠦᠨᠡᠨ ᠡᠰᠡᠬᠦ ᠶ᠋ᠢ ᠥᠪᠡᠷ ᠦ᠋ᠨ ᠨᠢᠳᠦ ᠪᠡᠷ ᠪᠠᠲᠤᠯᠠᠨ ᠬᠠᠷᠠᠵᠤ ᠪᠠᠢᠵᠤ ᠮᠡᠳᠡᠷᠡᠳᠡᠭ ᠬᠥᠮᠦᠨ ᠦ᠌ ᠰᠤᠪᠢᠨ ᠢ᠋ᠶ᠋ᠠᠷ ᠰᠤᠷᠬᠠᠭᠲᠠᠨᠢ ᠬᠡᠦᠬᠡᠳ ᠦ᠋ᠳ ᠢ᠋ᠶ᠋ᠡᠨ ᠣᠷᠬᠢᠨ ᠰᠡᠦᠬᠡ ᠤᠷᠤᠭᠤ ᠣᠴᠢᠵᠤ ᠣᠢᠷᠠᠲᠤᠯ᠎ᠠ᠃ ᠡᠰᠡᠨ ᠮᠡᠨᠳᠦ ᠡᠷᠭᠢᠵᠦ ᠢᠷᠡᠨ᠎ᠡ ᠭᠡᠰᠡᠨ ᠡᠷ᠎ᠡ ᠨᠥᠬᠥᠷ ᠨᠢ᠁ ᠨᠢᠭᠤᠷ ᠢ᠋ ᠪᠦᠲᠡᠭᠡᠭᠰᠡᠨ ᠪᠦᠲᠡᠭᠡᠯᠭᠡ ᠶ᠋ᠢ ᠰᠡᠬᠦᠪᠡ᠃ ᠴᠢᠷᠠᠢ ᠨᠢ ᠶᠠᠯᠢᠭᠦᠢ ᠰᠢᠷᠠᠯᠠᠵᠤ᠂ ᠬᠠᠮᠠᠷ ᠤ᠋ᠨ ᠰᠠᠮᠰᠠᠭᠠ ᠨᠠᠭᠠᠯᠳᠤᠭᠰᠠᠨ ᠠ᠋ᠴᠠ ᠥᠭᠡᠷ᠎ᠡ ᠪᠡᠷ ᠤᠨᠲᠠᠵᠤ ᠪᠣᠢ ᠳᠦᠷᠢ ᠲᠡᠢ ᠮᠡᠲᠦ ᠬᠠᠷᠠᠭᠳᠠᠨ᠎ᠠ᠃ ᠰᠤᠷᠬᠠᠭᠲᠠᠨᠢ ᠨᠢᠭᠡ ᠮᠡᠳᠡᠬᠦᠨ᠎ᠡ ᠲᠡᠩᠴᠡᠭᠦᠷᠢ ᠪᠡᠨ ᠠᠯᠲᠠᠨ᠂ ᠭᠤᠢᠪᠢᠨ ᠳᠣᠷᠣᠭᠰᠢ ᠰᠠᠭᠤᠯ᠎ᠠ᠃
— ᠨᠢᠭᠡᠨ ᠴᠠᠭ ᠲᠤ ᠥᠭᠡᠯᠦᠨ ᠡᠬᠡ ᠳ᠋ᠦ᠍ ᠲᠣᠬᠢᠶᠠᠭᠰᠠᠨ ᠣᠢ ᠭᠠᠰᠢᠭᠤ ᠶ᠋ᠢ ᠣᠳᠣ ᠨᠠᠳᠠ ᠳ᠋ᠤ᠌ ᠢᠯᠡᠭᠡᠵᠡᠢ᠃ ᠰᠤᠷᠬᠠᠭᠲᠠᠨᠢ ᠲᠤᠯᠤᠢ ᠡᠵᠡᠨ ᠦ᠌ ᠠᠯᠲᠠᠨ ᠱᠠᠷᠢᠯ ᠤ᠋ᠨ ᠡᠮᠦᠨ᠎ᠡ ᠭᠠᠵᠠᠷ ᠰᠥᠬᠥᠷᠡᠨ ᠤᠨᠠᠬᠤ ᠳ᠋ᠤ᠌ ᠲᠩᠷᠢ ᠶ᠋ᠢᠨ ᠡᠭᠦᠯᠡᠰ ᠪᠠᠷᠠᠭᠠᠨᠲᠤᠨ ᠬᠠᠷᠠᠯᠠᠵᠤ᠂ ᠲᠡᠷᠲᠡᠭᠡ ᠡᠴᠡ ᠠᠶᠤᠩᠭ᠎ᠠ ᠶ᠋ᠢᠨ ᠳᠠᠭᠤ ᠨᠦᠷᠭᠢᠯᠡᠵᠦ ᠪᠠᠢᠪᠠ᠃ ᠲᠩᠷᠢ ᠪᠣᠯᠤᠭᠰᠠᠨ ᠲᠤᠯᠤᠢ ᠡᠵᠡᠨ ᠦ᠌ ᠱᠠᠷᠢᠯ ᠢ᠋ ᠲᠠᠯ᠎ᠠ ᠨᠤᠲᠤᠭ ᠤ᠋ᠨ ᠬᠢᠨ ᠬᠥᠷᠥᠰᠥ ᠰᠢᠷᠣᠢ ᠳ᠋ᠤ᠌ ᠣᠩᠭᠣᠯᠠᠬᠤ ᠠ᠋ᠴᠠ ᠡᠮᠦᠨ᠎ᠡ ᠠᠭᠤᠷᠠᠭ ᠲᠤ᠌ ᠪᠠᠢᠬᠤ ᠴᠢᠩᠭᠢᠰ ᠬᠠᠭᠠᠨ ᠤ᠋ ᠣᠩᠭᠣᠨ ᠰᠢᠲᠦᠭᠡᠨ ᠦ᠌ ᠦᠷᠭᠦᠭᠡᠨ ᠳ᠋ᠦ᠍ ᠵᠠᠯᠠᠯ᠎ᠠ᠃
ᠡᠳᠦᠷ ᠢᠷᠡᠬᠦ ᠲᠣᠰᠤᠮ ᠡᠪᠡᠳᠦᠨ ᠬᠥᠨᠳᠡᠭᠦᠷᠯᠡᠵᠦ᠂ ᠤᠯᠠᠮ ᠪᠦᠷ ᠯᠤᠭᠰᠢᠨ ᠯᠠᠪᠰᠢᠷᠠᠵᠤ ᠪᠠᠢᠭᠠᠳ ᠰᠠᠶᠢ ᠬᠠᠭᠠᠷᠠᠭᠰᠠᠨ ᠰᠢᠷᠬ᠎ᠠ ᠰᠤᠷᠬᠠᠭᠲᠠᠨᠢ ᠶ᠋ᠢᠨ ᠴᠡᠭᠡᠵᠢ ᠶ᠋ᠢ ᠠᠮᠢ ᠲᠡᠮᠡᠴᠡᠭᠦᠯᠦᠨ ᠪᠠᠢᠬᠤ ᠰᠢᠭ᠋ ᠲᠡᠷᠡ ᠰᠥᠨᠢ ᠳ᠋ᠡᠭᠡᠨ ᠤᠨᠲᠠᠵᠤ ᠴᠢᠳᠠᠭᠰᠠᠨ ᠦᠭᠡᠢ᠃ ᠬᠠᠵᠠᠭᠤ ᠳ᠋ᠤᠨᠢ ᠬᠤᠷᠬᠢᠷᠠᠨ ᠤᠨᠲᠠᠵᠤ ᠪᠠᠢᠳᠠᠭ ᠡᠷ᠎ᠡ ᠨᠥᠬᠥᠷ ᠨᠢ ᠡᠵᠡᠭᠦᠢ᠂ ᠬᠠᠮᠢᠭ᠎ᠠ ᠨᠢᠭᠡ ᠲᠠᠢᠰᠢ ᠶᠠᠪᠤᠭᠠᠳ ᠥᠭᠴᠢᠬᠡᠭᠰᠡᠨ ᠦᠶ᠎ᠡ ᠳ᠋ᠦ᠍ᠨᠢ ᠢᠷᠡᠬᠦ ᠶ᠋ᠢ ᠨᠢ ᠬᠦᠯᠢᠶᠡᠨ ᠨᠣᠢᠷ ᠬᠤᠯᠵᠢᠵᠤ ᠬᠣᠨᠣᠳᠠᠭ᠃ ᠲᠡᠷᠡ ᠬᠥᠮᠦᠨ ᠦᠭᠡᠢ ᠪᠣᠯ ᠠᠮᠢᠳᠤᠷᠠᠯ ᠦᠭᠡᠢ ᠮᠡᠲᠦ᠂ ᠣᠳᠣ ᠲᠡᠷᠡ ᠠᠬᠢᠨ ᠬᠠᠵᠠᠭᠤ ᠪᠠᠷ ᠨᠢ ᠤᠨᠲᠠᠬᠤ ᠦᠭᠡᠢ᠂ ᠬᠠᠯᠠᠭᠤᠨ ᠭᠠᠷ ᠢ᠋ᠶ᠋ᠠᠨ ᠳᠡᠷᠡᠯᠡᠭᠦᠯᠦᠨ ᠪᠦᠯᠢᠶᠡᠨ ᠤᠷᠤᠭᠤᠯ ᠢ᠋ᠶ᠋ᠠᠷ ᠦᠨᠦᠰᠬᠦ ᠦᠭᠡᠢ᠂ ᠡᠷ᠎ᠡ ᠨᠥᠬᠥᠷ ᠦ᠋ᠨ ᠴᠢᠩᠭ᠎ᠠ ᠲᠡᠪᠡᠷᠢᠯᠲᠡ᠂ ᠵᠠᠷᠢᠮ ᠦᠶ᠎ᠡ ᠳ᠋ᠦ᠍ ᠵᠠᠯᠬᠠᠮᠠ ᠬᠤᠷᠬᠢᠷᠠᠬᠤ ᠳᠠᠭᠤ ᠶ᠋ᠢ ᠰᠣᠨᠣᠰᠬᠤ ᠦᠭᠡᠢ᠃ ᠣᠳᠣ ᠪᠠᠢᠬᠤ ᠦᠭᠡᠢ᠃ ᠲᠤᠯᠤᠢ ᠭᠡᠳᠡᠭ ᠬᠥᠮᠦᠨ ᠦᠭᠡᠢ ᠪᠣᠯᠤᠭᠰᠠᠨ᠃ ᠡᠨᠡ ᠠᠮᠢᠳᠤᠷᠠᠯ ᠳ᠋ᠤ᠌ ᠠᠬᠢᠭᠠᠳ ᠲᠡᠭᠦᠨ ᠲᠡᠢ ᠬᠡᠵᠢᠶ᠎ᠡ ᠴᠦ᠍ ᠠᠭᠤᠯᠵᠠᠬᠤ ᠦᠭᠡᠢ᠂ ᠡᠨᠡ ᠵᠠᠢ ᠳ᠋ᠤ᠌ ᠲᠡᠷᠡ ᠠᠬᠢᠭᠠᠳ ᠬᠡᠪᠲᠡᠬᠦ ᠦᠭᠡᠢ᠃ ᠡᠨᠡ ᠪᠠᠶᠠᠨ ᠤ᠋ ᠬᠢᠨ ᠳᠠᠩ ᠬᠠᠭᠠᠰ ᠨᠢ ᠠᠯᠠᠭ᠎ᠠ ᠪᠣᠯᠴᠢᠬᠠᠭᠰᠠᠨ ᠶᠤᠮ ᠰᠢᠭ᠋ ᠡᠵᠡᠨ ᠦᠭᠡᠢ᠂ ᠬᠥᠮᠦᠨ ᠠᠮᠢᠳᠤᠷᠠᠯ ᠳ᠋ᠠᠭᠠᠨ ᠡᠴᠢᠭᠡ ᠡᠬᠡ᠂ ᠬᠠᠢᠷᠠᠲᠠᠢ ᠪᠦᠬᠦᠨ ᠢ᠋ᠶ᠋ᠡᠨ ᠠᠯᠳᠠᠬᠤ ᠲᠣᠬᠢᠶᠠᠯᠳᠤᠯ ᠪᠢᠰᠢᠭᠦᠢ ᠪᠣᠢ᠃ ᠭᠡᠪᠡᠴᠦ ᠬᠠᠨᠢᠯᠠᠭᠰᠠᠨ ᠬᠠᠨᠢ ᠪᠠᠨ ᠠᠯᠳᠠᠨ᠎ᠠ ᠭᠡᠳᠡᠭ ᠥᠷᠭᠥᠭᠡ ᠭᠡᠷ ᠢ᠋ ᠨᠢ ᠲᠤᠯᠵᠤ ᠪᠠᠢᠭᠰᠠᠨ ᠬᠣᠶᠠᠷ ᠪᠠᠭᠠᠨ᠎ᠠ ᠶ᠋ᠢᠨ ᠨᠢᠭᠡ ᠨᠢ ᠤᠨᠠᠬᠤ ᠳ᠋ᠤ᠌ ᠨᠥᠭᠦᠭᠡ ᠨᠢ ᠳᠠᠭᠠᠨ ᠤᠨᠠᠵᠤ᠂ ᠭᠡᠷ ᠨᠢ ᠨᠤᠷᠠᠴᠢᠬᠠᠭᠰᠡ ᠮᠡᠲᠦ ᠶᠠᠭᠤ ᠴᠤ᠌ ᠦᠭᠡᠢ᠂ ᠰᠡᠳᠬᠢᠯ ᠳᠣᠲᠣᠷ᠎ᠠ ᠬᠣᠪ ᠬᠣᠭᠣᠰᠣᠨ᠂ ᠬᠠᠪ ᠬᠠᠷᠠᠩᠭᠤᠢ᠂ ᠲᠤᠯᠤᠢ ᠭᠡᠳᠡᠭ ᠬᠥᠮᠦᠨ ᠠᠬᠢᠨ ᠡᠨᠡ ᠦᠷᠭᠦᠭᠡᠨ ᠦ᠌ ᠬᠠᠭᠠᠯᠭ᠎ᠠ ᠪᠠᠷ ᠢᠨᠢᠶᠡᠳᠦ ᠠᠯᠲᠠᠨ ᠣᠷᠣᠵᠤ ᠢᠷᠡᠬᠦ ᠦᠭᠡᠢ ᠃ ᠬᠡᠷᠬᠢᠬᠦ ᠪᠢᠯᠡ᠃ ᠡᠨᠡ ᠦᠨᠡᠨ ᠲᠡᠢ ᠡᠪᠯᠡᠷᠡᠨ᠎ᠡ ᠭᠡᠳᠡᠭ ᠬᠡᠴᠢᠨᠡᠭᠡᠨ ᠬᠠᠷᠠᠮᠰᠠᠯ ᠲᠠᠢ᠂ ᠬᠡᠴᠢᠨᠡᠭᠡᠨ ᠠᠢᠳᠠᠰ ᠲᠠᠢ ᠪᠣᠢ?
ᠭᠠᠳᠠᠭᠰᠢ ᠭᠠᠷᠴᠤ ᠣᠩᠭᠣᠨ ᠰᠢᠲᠦᠭᠡᠨ ᠦ᠌ ᠵᠦᠭ ᠠᠯᠬᠤᠯ᠎ᠠ᠃ ᠪᠢᠲᠡᠭᠦᠦ ᠰᠠᠷ᠎ᠠ ᠲᠠᠢ ᠰᠥᠨᠢ ᠡᠷᠭᠢᠨ ᠲᠣᠭᠣᠷᠢᠨ ᠤ᠋ ᠶᠠᠭᠤᠮᠠᠰ ᠲᠡᠳᠦᠢ ᠯᠡ ᠰᠠᠢᠨ ᠬᠠᠷᠠᠭᠳᠠᠬᠤ ᠦᠭᠡᠢ ᠲᠤᠯᠠ ᠥᠴᠦᠬᠡᠨ ᠵᠢᠵᠢᠭᠬᠡᠨ ᠴᠢᠯᠠᠭᠤ ᠴᠤ᠌ ᠠᠰᠤᠷᠤ ᠲᠣᠮᠣ ᠲᠡᠮᠲᠡᠷᠢᠭᠳᠡᠨ ᠪᠦᠳᠦᠷᠢᠵᠦ ᠤᠨᠠᠬᠤ ᠳ᠋ᠤ᠌ ᠪᠡᠯᠡᠨ ᠶᠠᠪᠤᠨ᠎ᠠ᠃ ᠲᠡᠷᠡ ᠵᠢᠯ ᠬᠠᠨᠢ ᠨᠥᠬᠥᠷ ᠨᠢ ᠬᠠᠭᠠᠨ ᠠᠪᠤ ᠲᠠᠢ ᠪᠠᠨ ᠬᠠᠮᠲᠤ ᠠᠶᠠᠨ ᠲᠡᠢᠨ ᠡᠴᠡ ᠡᠰᠡᠨ ᠮᠡᠨᠳᠦ ᠢᠷᠡᠵᠦ ᠪᠠᠢᠭᠰᠠᠨ ᠲᠡᠷᠡ ᠨᠢᠭᠡᠨ ᠰᠥᠨᠢ᠂ ᠡᠮᠡᠭᠡ ᠡᠬᠡ ᠶ᠋ᠢᠨ ᠢ᠋ᠶ᠋ᠡᠨ ᠡᠪᠦᠷ ᠲᠦ᠍ ᠤᠨᠲᠠᠵᠤ ᠪᠠᠢᠭ᠎ᠠ ᠮᠥᠩᠬᠡ ᠬᠦᠦ ᠪᠡᠨ ᠡᠴᠢᠭᠡ ᠳ᠋ᠦ᠍ᠨᠢ ᠦᠨᠦᠰᠦᠭᠦᠯᠦᠭᠡᠳ ᠪᠤᠴᠠᠵᠤ ᠶᠠᠪᠤᠬᠤ ᠳ᠋ᠤ᠌ ᠶᠠᠭ ᠡᠢᠮᠦ ᠪᠢᠲᠡᠭᠦᠦ ᠰᠠᠷ᠎ᠠ ᠲᠠᠢ ᠰᠥᠨᠢ ᠪᠠᠢᠭᠰᠠᠨ ᠰᠠᠨ᠃ ᠴᠢᠯᠠᠭᠤᠨ ᠳᠡᠭᠡᠷ᠎ᠡ ᠪᠦᠳᠦᠷᠢᠨ ᠤᠨᠠᠬᠤ ᠳ᠋ᠤ᠌ ᠲᠣᠬᠣᠢ ᠠ᠋ᠴᠠ ᠨᠢ ᠡᠷᠭᠦᠨ ᠲᠠᠲᠠᠵᠤ᠂ ᠴᠡᠭᠡᠵᠢᠨ ᠳ᠋ᠡᠭᠡᠨ ᠲᠡᠪᠡᠷᠢᠨ᠂ ᠳᠤᠬᠤᠨ ᠳᠡᠭᠡᠷ᠎ᠡ ᠨᠢ ᠦᠨᠦᠰᠦᠭᠰᠡᠨ ᠡᠷ᠎ᠡ ᠨᠥᠬᠥᠷ ᠦ᠋ᠨ ᠢ᠋ᠶ᠋ᠡᠨ ᠬᠠᠯᠠᠭᠤᠨ ᠭᠠᠷ ᠢ᠋ ᠲᠡᠷᠡ ᠲᠣᠳᠣᠬᠠᠨ ᠰᠠᠨᠠᠵᠤ ᠪᠠᠢᠯ᠎ᠠ᠃ ᠣᠳᠣ ᠲᠡᠭᠦᠨ ᠳ᠋ᠦ᠍ ᠪᠦᠳᠦᠷᠢᠨ ᠤᠨᠠᠯ᠎ᠠ ᠴᠤ ᠡᠷᠭᠦᠵᠦ ᠪᠤᠰᠬᠠᠬᠤ ᠬᠠᠨᠢ ᠦᠭᠡᠢ ᠪᠣᠯᠵᠠᠢ᠃ ᠲᠤᠯᠤᠢ ᠪᠣᠯ ᠰᠤᠷᠬᠠᠭᠲᠠᠨᠢ ᠶ᠋ᠢᠨ ᠬᠤᠪᠢ ᠳ᠋ᠤ᠌ ᠵᠥᠪᠬᠡᠨ ᠬᠠᠷᠠᠩᠭᠤᠢ ᠳᠤᠮᠳᠠᠬᠢ ᠴᠢᠯᠠᠭᠤᠨ ᠳᠡᠭᠡᠷ᠎ᠡ ᠪᠦᠳᠦᠷᠢᠨ ᠤᠨᠠᠬᠤ ᠳ᠋ᠤᠨᠢ ᠳᠥᠰᠢᠨ ᠪᠤᠰᠬᠠᠳᠠᠭ ᠨᠢᠭᠡᠨ ᠨᠢ ᠪᠢᠰᠢ᠂ ᠠᠮᠢᠳᠤᠷᠠᠯ ᠳᠤᠮᠳᠠ ᠪᠦᠳᠦᠷᠢᠨ ᠠᠯᠳᠠᠬᠤ ᠳ᠋ᠤ᠌ ᠳᠥᠰᠢᠨ ᠪᠤᠰᠬᠠᠳᠠᠭ ᠡᠷ᠎ᠡ ᠨᠥᠬᠥᠷ ᠨᠢ ᠪᠠᠢᠭᠰᠠᠨ᠃
ᠬᠠᠷᠢᠨ ᠣᠳᠣ ᠪᠣᠯ ᠤᠨᠠᠬᠤ ᠦᠭᠡᠢ ᠶ᠋ᠢᠨ ᠲᠤᠯᠠᠳᠠ ᠬᠥᠯ ᠳᠡᠭᠡᠷ᠎ᠡ ᠪᠡᠨ ᠪᠠᠲᠤ ᠪᠥᠬᠡ ᠭᠢᠰᠬᠢᠵᠦ ᠬᠠᠲᠠᠭᠤ ᠴᠢᠩᠭ᠎ᠠ ᠶᠠᠪᠤᠬᠤ ᠶᠣᠰᠣᠲᠠᠢ ᠪᠣᠯᠵᠠᠢ᠃ ᠰᠤᠷᠬᠠᠭᠲᠠᠨᠢ ᠬᠠᠷᠠᠭᠤᠯ ᠤ᠋ᠨ ᠴᠡᠷᠢᠭ ᠪᠦᠬᠦᠢ ᠴᠢᠩᠭᠢᠰ ᠬᠠᠭᠠᠨ ᠤ᠋ ᠣᠩᠭᠣᠨ ᠰᠢᠲᠦᠭᠡᠨ ᠦ᠌ ᠦᠷᠭᠦᠭᠡᠨ ᠦ᠌ ᠬᠠᠭᠠᠯᠭ᠎ᠠ ᠪᠠᠷ ᠶᠠᠪᠤᠵᠤ ᠣᠷᠣᠪᠠ᠃ ᠳᠣᠲᠣᠷ᠎ᠠ ᠨᠢ ᠨᠠᠮ ᠭᠦᠮ᠂ ᠳᠥᠷᠪᠡᠨ ᠬᠠᠨᠠᠨ ᠳ᠋ᠤ᠌ ᠠᠰᠠᠭᠠᠭᠰᠠᠨ ᠭᠠᠯ ᠤ᠋ᠨ ᠭᠡᠷᠡᠯ ᠳ᠋ᠦ᠍ ᠦᠷᠭᠦᠭᠡᠨ ᠦ᠌ ᠳᠣᠲᠣᠷᠠᠬᠢ ᠶᠠᠭᠤᠮᠠᠰ ᠲᠣᠳᠣᠬᠠᠨ ᠬᠠᠷᠠᠭᠳᠠᠨ᠎ᠠ᠃ ᠦᠷᠭᠦᠭᠡᠨ ᠦ᠌ ᠭᠣᠣᠯ ᠳ᠋ᠤ᠌ ᠲᠤᠰᠬᠠᠢᠯᠠᠨ ᠵᠠᠰᠠᠭᠰᠠᠨ ᠴᠠᠭᠠᠨ ᠢᠰᠡᠭᠡᠢ ᠳᠡᠪᠢᠰᠬᠡᠷ ᠲᠡᠢ ᠲᠠᠪᠴᠠᠩ ᠳᠡᠭᠡᠷ᠎ᠡ᠂ ᠲᠣᠷᠭ᠎ᠠ ᠪᠠᠷ ᠪᠦᠲᠡᠭᠡᠭᠰᠡᠨ ᠡᠷ᠎ᠡ ᠨᠥᠬᠥᠷ ᠦ᠋ᠨ ᠬᠢᠨᠢ ᠱᠠᠷᠢᠯ ᠬᠠᠷᠠᠭᠳᠠᠨ᠎ᠠ᠃ ᠰᠤᠷᠬᠠᠭᠲᠠᠨᠢ ᠣᠢᠷᠠᠲᠤᠨ ᠣᠴᠢᠯ᠎ᠠ᠃ ᠲᠡᠷᠡ ᠨᠥᠬᠥᠷ ᠦ᠋ᠨ ᠢ᠋ᠶ᠋ᠡᠨ ᠬᠥᠯ ᠳᠣᠣᠷ᠎ᠠ ᠰᠥᠬᠥᠷᠡᠨ ᠰᠠᠭᠤᠯ᠎ᠠ᠃
— ᠮᠥᠩᠬᠡ ᠬᠥᠬᠡ ᠲᠩᠷᠢ ᠳ᠋ᠦ᠍ ᠴᠤᠷᠬᠢᠷᠠᠬᠤ ᠪᠠᠨ ᠰᠣᠨᠣᠰᠬᠠᠭᠰᠠᠨ ᠦᠭᠡᠢ
ᠮᠥᠨ ᠬᠦ᠌ ᠨᠣᠭᠣᠭᠠᠨ ᠭᠠᠵᠠᠷ ᠳᠡᠯᠡᠬᠡᠢ ᠳ᠋ᠦ᠍ ᠭᠠᠰᠢᠭᠤᠳᠠᠯ ᠢ᠋ᠶ᠋ᠠᠨ ᠮᠡᠳᠡᠭᠳᠡᠭᠰᠡᠨ ᠦᠭᠡᠢ
ᠠᠰᠬᠠᠷᠠᠨ ᠤᠨᠠᠬᠤ ᠨᠢᠯᠪᠤᠰᠤ ᠪᠠᠨ ᠠᠶᠠᠭᠠᠨ ᠳ᠋ᠠᠭᠠᠨ ᠰᠢᠷᠭᠢᠭᠡᠵᠦ ᠬᠠᠲᠠᠭᠠᠯᠠ ᠠᠷᠠᠳ ᠣᠯᠠᠨ ᠲᠦᠮᠡᠨ ᠳ᠋ᠡᠭᠡᠨ ᠠᠮᠤᠭᠤᠯᠠᠩ ᠳᠦᠷᠢ ᠶ᠋ᠢ ᠦᠵᠡᠭᠦᠯᠦᠯ᠎ᠡ ᠡᠩᠭᠡᠷ ᠴᠡᠭᠡᠵᠢ ᠶ᠋ᠢ ᠮᠢᠨᠢ ᠵᠤᠷᠠᠭᠰᠠᠭᠠᠷ ᠪᠠᠢᠭ᠎ᠠ ᠣᠢ ᠭᠠᠰᠢᠭᠤ ᠶ᠋ᠢ ᠡᠨᠡᠯᠦᠨ ᠭᠠᠲᠤᠯᠵᠤ ᠪᠠᠷᠢᠨ ᠣᠳᠬᠤ ᠴᠠᠭ ᠲᠤ ᠡᠷ᠎ᠡ ᠨᠥᠬᠥᠷ ᠮᠢᠨᠢ ᠬᠡᠨ ᠦ᠌ ᠲᠥᠯᠥᠭᠡ ᠬᠠᠯᠠᠭᠤᠨ ᠠᠮᠢ ᠪᠠᠨ ᠲᠠᠰᠤᠯᠤᠭᠰᠠᠨ ᠤ᠋ ᠬᠡᠷᠡᠭ ᠢ᠋ ᠡᠷᠬᠡᠪᠰᠢ ᠦᠷ᠎ᠡ ᠬᠥᠪᠡᠭᠦᠳ ᠲᠠᠨᠢ ᠭᠠᠷᠭᠠᠬᠤ ᠪᠤᠢ ᠵᠠ ᠭᠡᠮᠡᠨ ᠬᠡᠯᠡᠭᠡᠳ ᠡᠳᠦᠷ ᠮᠡᠲᠦ ᠭᠡᠷᠡᠯᠲᠦᠭᠦᠯᠦᠭᠴᠢ ᠭᠠᠯ ᠤ᠋ᠨ ᠭᠡᠷᠡᠯ ᠳ᠋ᠦ᠍ ᠲᠣᠰᠣ ᠨᠡᠮᠡᠯ᠎ᠡ᠃ ᠰᠤᠷᠬᠠᠭᠲᠠᠨᠢ ᠶ᠋ᠢᠨ ᠨᠢᠳᠦᠨ ᠡᠴᠡ ᠠᠶᠠᠭᠠᠨ ᠳ᠋ᠠᠭᠠᠨ ᠪᠠᠭᠲᠠᠬᠤ ᠦᠭᠡᠢ ᠴᠡᠯᠡᠯᠵᠡᠨ ᠨᠢᠯᠪᠤᠰᠤ ᠲᠠᠰᠤᠷᠠᠨ ᠤᠨᠠᠵᠤ ᠪᠠᠢᠯ᠎ᠠ᠃
— ᠥᠭᠡᠳᠡᠢ ᠬᠠᠭᠠᠨ ᠤ᠋ ᠭᠡᠷ ᠪᠦᠯᠢ ᠶ᠋ᠢᠨ ᠬᠢᠨ ᠬᠠᠭᠠᠨ ᠤ᠋ ᠶᠡᠬᠡ ᠬᠠᠲᠤᠨ ᠮᠦᠬᠡ ᠪᠣᠯᠤᠨ ᠬᠠᠭᠠᠨ ᠤ᠋ ᠬᠠᠲᠤᠨ ᠳᠦᠷᠭᠡᠨ᠎ᠡ ᠨᠠᠷ᠂ ᠲᠤᠯᠤᠢ ᠶ᠋ᠢᠨ ᠠᠬ᠎ᠠ ᠴᠠᠭᠠᠲᠠᠢ᠂ ᠵᠥᠴᠢ ᠶ᠋ᠢᠨ ᠤᠯᠤᠰ ᠠ᠋ᠴᠠ ᠲᠡᠭᠦᠨ ᠦ᠌ ᠬᠦᠦ ᠪᠠᠲᠤ᠂ ᠪᠡᠷᠬᠡ ᠨᠠᠷ ᠶᠡᠬᠡ ᠠᠭᠤᠷᠠᠭ ᠲᠤ ᠬᠦᠷᠦᠯᠴᠡᠨ ᠢᠷᠡᠵᠡᠢ᠃ ᠲᠡᠢᠨ ᠦ᠌ ᠢᠯᠠᠯᠲᠠ᠂ ᠣᠯᠵᠠ ᠣᠮᠣᠭ᠂ ᠪᠠᠶᠠᠷ ᠪᠠᠶᠠᠰᠤᠯ ᠢ᠋ᠶ᠋ᠠᠷ ᠠᠯᠲᠠᠨ ᠤᠷᠤᠭ ᠤ᠋ᠨ ᠬᠢᠨ ᠠᠭᠤᠯᠵᠠᠳᠠᠭ ᠪᠠᠢᠭᠰᠠᠨ ᠡᠨᠡ ᠭᠠᠵᠠᠷ ᠲᠤ ᠲᠡᠳᠡ ᠡᠨᠡ ᠤᠳᠠᠭ᠎ᠠ ᠣᠢ ᠭᠠᠰᠢᠭᠤᠳᠠᠯ ᠢ᠋ᠶ᠋ᠠᠷ ᠠᠭᠤᠯᠵᠠᠪᠠ᠃ ᠪᠤᠷᠬᠠᠨ ᠬᠠᠯᠳᠤᠨ ᠠᠭᠤᠯᠠ ᠶ᠋ᠢᠨ ᠣᠢᠷ᠎ᠠ ᠡᠭᠡᠯᠢ ᠳᠤᠯᠠᠭᠠᠨ ᠭᠠᠵᠠᠷ ᠲᠤ᠂ ᠲᠩᠷᠢ ᠶ᠋ᠢᠨ ᠨᠠᠷᠠᠨ ᠲᠣᠳᠣᠬᠠᠨ ᠲᠤᠰᠬᠤ ᠠᠭᠤᠯᠠᠰ ᠤ᠋ᠨ ᠣᠷᠴᠢᠯ ᠳ᠋ᠤ᠌᠂ ᠮᠥᠩᠬᠡ ᠬᠥᠬᠡ ᠲᠩᠷᠢ ᠶ᠋ᠢᠨ ᠬᠠᠶᠠᠭ᠎ᠠ ᠳᠡᠷᠡᠯᠡᠨ ᠠᠭᠤᠵᠢᠷᠠᠬᠤ ᠨᠢᠭᠡᠬᠡᠨ ᠴᠢᠯᠥᠭᠡᠨ ᠳ᠋ᠦ᠍ ᠲᠤᠯᠤᠢ ᠡᠵᠡᠨ ᠢ᠋ ᠡᠴᠦᠰ ᠦ᠋ᠨ ᠵᠠᠮ ᠳ᠋ᠤᠨᠢ ᠦᠳᠡᠵᠦ ᠣᠩᠭᠣᠯᠠᠯᠠ᠃ ᠲᠤᠯᠤᠢ ᠶ᠋ᠢᠨ ᠠᠯᠲᠠᠨ ᠱᠠᠷᠢᠯ ᠤ᠋ᠨ ᠳᠡᠷᠭᠡᠳᠡ ᠰᠤᠷᠬᠠᠭᠲᠠᠨᠢ ᠬᠠᠲᠤᠨ ᠬᠡᠦᠬᠡᠳ ᠦ᠋ᠳ ᠦ᠋ᠨ ᠬᠠᠮᠲᠤ ᠪᠠᠷ ᠵᠣᠭᠰᠣᠨ᠎ᠠ᠃ ᠨᠢᠭᠡᠨ ᠴᠠᠭ ᠲᠤ ᠲᠠᠯ᠎ᠠ ᠶ᠋ᠢᠨ ᠡᠯᠢᠭᠡᠨ ᠳᠡᠭᠡᠷ᠎ᠡ ᠥᠨᠥᠴᠢᠨ ᠬᠡᠳᠦᠨ ᠬᠡᠦᠬᠡᠳ ᠦ᠋ᠳ ᠲᠡᠢ ᠪᠡᠨ ᠬᠣᠴᠣᠷᠴᠤ ᠪᠠᠢᠭᠰᠠᠨ ᠥᠭᠡᠯᠦᠨ ᠡᠬᠡ ᠶ᠋ᠢᠨ ᠠᠳᠠᠯᠢ ᠬᠤᠪᠢ ᠲᠠᠪᠢᠯᠠᠩ ᠲᠡᠭᠦᠨ ᠢ᠋ ᠳᠠᠭᠠᠷᠢᠵᠠᠢ᠃ ᠭᠡᠪᠡᠴᠦ ᠲᠡᠷᠡ ᠦᠶ᠎ᠡ ᠳ᠋ᠦ᠍ ᠪᠣᠯ ᠥᠭᠡᠯᠦᠨ ᠡᠬᠡ ᠡᠴᠡ ᠠᠬ᠎ᠠ ᠳᠡᠭᠦᠦ ᠨᠠᠷ ᠨᠢ ᠬᠦᠷᠲᠡᠯ᠎ᠡ ᠡᠯᠢᠭᠡ ᠪᠤᠷᠤᠭᠤᠯᠠᠬᠤ ᠳ᠋ᠤ᠌ ᠬᠦᠷᠦᠭᠰᠡᠨ ᠬᠦᠨᠳᠦ ᠴᠠᠭ ᠪᠠᠢᠭᠰᠠᠨ᠃ ᠬᠠᠷᠢᠨ ᠣᠳᠣ ᠪᠣᠯ ᠶᠡᠬᠡ ᠮᠣᠩᠭᠣᠯ ᠤᠯᠤᠰ ᠤ᠋ᠨ ᠡᠵᠡᠨ ᠬᠠᠭᠠᠨ ᠤ᠋ ᠠᠯᠲᠠᠨ ᠤᠷᠤᠭ ᠤ᠋ᠨ ᠬᠢᠨ ᠲᠡᠭᠦᠨ ᠳ᠋ᠦ᠍ ᠪᠣᠢ ᠭᠡᠯᠡ ᠴᠦ᠍ ᠬᠠᠢᠷᠠᠯᠠᠭᠰᠠᠨ ᠠ᠋ᠴᠠ ᠢᠯᠡᠭᠦᠦ ᠬᠠᠢᠷ᠎ᠠ᠂ ᠬᠠᠨᠢᠯᠠᠭᠰᠠᠨ ᠠ᠋ᠴᠠ ᠢᠯᠡᠭᠦᠦ ᠬᠠᠨᠢ ᠭᠠᠵᠠᠷ ᠳᠡᠭᠡᠷ᠎ᠡ ᠨᠢ ᠬᠡᠨ ᠰᠠᠨ ᠪᠢᠯᠡ᠃
ᠥᠭᠡᠳᠡᠢ ᠬᠠᠭᠠᠨ ᠠᠯᠲᠠᠨ ᠤᠯᠤᠰ ᠢ᠋ ᠳᠠᠢᠯᠠᠷ᠎ᠠ ᠮᠣᠷᠳᠠᠭᠠᠳ ᠡᠵᠡᠭᠦᠢ ᠲᠤᠯᠠ ᠳᠡᠭᠦᠦ ᠶ᠋ᠢᠨ ᠢ᠋ᠶ᠋ᠡᠨ ᠣᠷᠣᠰᠢᠭᠤᠯᠭ᠎ᠠ ᠳ᠋ᠤ᠌ ᠢᠷᠡᠵᠦ ᠴᠢᠳᠠᠭᠰᠠᠨ ᠦᠭᠡᠢ᠃ ᠲᠤᠯᠤᠢ ᠡᠵᠡᠨ ᠢ᠋ ᠬᠥᠳᠡᠭᠡᠯᠡᠭᠦᠯᠬᠦ ᠠᠵᠢᠯ ᠳᠠᠭᠤᠰᠴᠤ ᠬᠥᠮᠦᠰ ᠶᠡᠬᠡ ᠠᠭᠤᠷᠠᠭ ᠲᠤ ᠢᠷᠡᠬᠦ ᠳ᠋ᠦ᠍ ᠳᠦᠷᠭᠡᠨ᠎ᠡ ᠬᠠᠲᠤᠨ ᠰᠤᠷᠬᠠᠭᠲᠠᠨᠢ ᠶ᠋ᠢᠨ ᠦᠷᠭᠦᠭᠡᠨ ᠳ᠋ᠦ᠍ ᠣᠷᠣᠵᠤ ᠢᠷᠡᠯ᠎ᠡ᠃ ᠳᠦᠷᠭᠡᠨ᠎ᠡ ᠲᠠᠯ᠎ᠠ ᠨᠤᠲᠤᠭ ᠲᠤ ᠪᠠᠢᠬᠤ ᠳ᠋ᠠᠭᠠᠨ ᠪᠣᠷᠣᠪᠲᠤᠷ ᠴᠢᠷᠠᠢ ᠲᠠᠢ ᠨᠢᠭᠡᠨ ᠪᠠᠢᠭᠰᠠᠨ ᠪᠣᠯ ᠬᠠᠷᠠᠬᠣᠷᠣᠮ ᠳ᠋ᠤ᠌ ᠰᠠᠭᠤᠷᠢᠨ ᠰᠠᠭᠤᠭᠰᠠᠨ ᠢ᠋ᠶ᠋ᠠᠷ ᠲᠡᠭᠦᠨ ᠦ᠌ ᠴᠢᠷᠠᠢ ᠦᠯᠦ ᠶᠠᠯᠢᠭ ᠴᠠᠢᠪᠤᠷ ᠪᠣᠯᠤᠭᠰᠠᠨ ᠬᠠᠷᠠᠭᠳᠠᠨ᠎ᠠ᠃ ᠴᠠᠭ ᠢᠷᠡᠬᠦ ᠲᠣᠰᠤᠮ ᠭᠦᠨ ᠪᠣᠯᠬᠤ ᠰᠢᠨᠵᠢᠲᠡᠢ ᠨᠠᠷᠢᠨ ᠦᠷᠴᠢᠯᠡᠭᠡᠰᠦ ᠨᠦ᠍ᠭᠦᠳ ᠵᠣᠪᠬᠢᠨ ᠳ᠋ᠤᠨᠢ ᠲᠣᠳᠣᠷᠠᠵᠠᠢ᠃ ᠳᠦᠷᠭᠡᠨ᠎ᠡ ᠰᠤᠷᠬᠠᠭᠲᠠᠨᠢ ᠶ᠋ᠢᠨ ᠣᠢ ᠭᠠᠰᠢᠭᠤ ᠶ᠋ᠢ ᠲᠠᠢᠯᠤᠨ ᠬᠡᠯᠡᠬᠦ ᠦᠭᠡ ᠡᠰᠡ ᠣᠯᠬᠤ ᠮᠡᠲᠦ᠂ ᠬᠠᠵᠠᠭᠤ ᠳ᠋ᠤᠨᠢ ᠴᠢᠮᠡᠭᠡ ᠦᠭᠡᠢ ᠰᠠᠭᠤᠨ᠎ᠠ᠃ ᠲᠡᠭᠦᠨ ᠦ᠌ ᠡᠨᠡ ᠪᠠᠢᠳᠠᠯ ᠢ᠋ ᠠᠵᠢᠭᠯᠠᠭᠰᠠᠨ ᠰᠤᠷᠬᠠᠭᠲᠠᠨᠢ᠄
— ᠬᠠᠢᠷᠠᠯᠠᠵᠤ ᠶᠠᠪᠤᠭᠰᠠᠨ ᠬᠥᠮᠦᠰ ᠮᠢᠨᠢ ᠠᠷᠤ ᠠᠷᠤ ᠠ᠋ᠴᠠ ᠪᠠᠨ ᠴᠤᠪᠤᠨ ᠲᠩᠷᠢ ᠳ᠋ᠦ᠍ ᠣᠳᠤᠯ᠎ᠠ᠃ ᠬᠣᠷᠸ᠎ᠠ ᠶ᠋ᠢᠨ ᠵᠢᠮ᠎ᠡ᠂ ᠬᠠᠲᠠᠭᠤ ᠲᠠᠪᠢᠯᠠᠩ ᠢ᠋ ᠶᠠᠭᠠᠬᠢᠯᠲᠠᠢ ᠪᠢᠯᠡ᠃ ᠰᠤᠷᠬᠠᠭᠲᠠᠨᠢ ᠶ᠋ᠢᠨ ᠰᠠᠶᠢ ᠬᠡᠯᠡᠭᠰᠡᠨ ᠦᠭᠡᠰ ᠦᠨᠡᠨ ᠳ᠋ᠡᠭᠡᠨ ᠳᠦᠷᠭᠡᠨ᠎ᠡ ᠶ᠋ᠢᠨ ᠰᠡᠳᠬᠢᠯ ᠵᠢᠷᠦᠬᠡᠨ ᠳᠤᠮᠳᠠᠭᠤᠷ ᠳᠠᠭᠠᠷᠢᠨ ᠥᠩᠭᠡᠷᠡᠵᠦ ᠪᠠᠢᠭᠰᠠᠨ ᠤᠳᠠᠭ᠎ᠠ ᠲᠠᠢ ᠲᠤᠯᠠ ᠲᠡᠭᠦᠨ ᠢ᠋ ᠰᠠᠢᠨ ᠣᠢᠯᠠᠭᠠᠵᠤ ᠪᠠᠢᠪᠠ᠃
— ᠪᠢᠳᠡ ᠪᠠᠭ᠎ᠠ ᠵᠠᠯᠠᠭᠤ ᠠ᠋ᠴᠠ ᠪᠠᠨ ᠬᠠᠮᠲᠤ ᠪᠠᠢᠵᠤ᠂ ᠨᠢᠭᠡᠨ ᠠᠳᠠᠯᠢ ᠵᠣᠪᠠᠯᠠᠩ᠂ ᠨᠢᠭᠡᠨ ᠠᠳᠠᠯᠢ ᠵᠢᠷᠭᠠᠯ ᠢ᠋ ᠲᠤᠭᠤᠯᠵᠤ ᠢᠷᠡᠭᠰᠡᠨ ᠤᠯᠤᠰ᠃ ᠲᠤᠯᠤᠢ ᠡᠷ᠎ᠡ ᠨᠥᠬᠥᠷ ᠦ᠋ᠨ ᠮᠢᠨᠢ ᠡᠮᠦᠨ᠎ᠡ ᠡᠴᠡ ᠲᠩᠷᠢ ᠳ᠋ᠦ᠍ ᠣᠳᠤᠭᠰᠠᠨ ᠢ᠋ ᠰᠣᠨᠣᠰᠤᠭᠠᠳ ᠵᠢᠷᠦᠬᠡ ᠮᠢᠨᠢ ᠬᠠᠯᠠᠭᠯᠠᠨ ᠭᠠᠰᠢᠭᠤᠳᠠᠵᠤ ᠪᠠᠢᠯ᠎ᠠ᠃ ᠥᠨᠥ ᠴᠢᠮᠠᠶ᠋ᠢ ᠢᠩᠭᠢᠭᠡᠳ ᠣᠷᠬᠢᠵᠤ ᠴᠢᠳᠠᠬᠤ ᠦᠭᠡᠢ ᠨᠢ ᠠ᠋᠂ ᠪᠢᠳᠡᠨ ᠢ᠋ ᠳᠠᠭᠠᠨ ᠬᠡᠦᠬᠡᠳ ᠦ᠋ᠳ ᠢ᠋ᠶ᠋ᠡᠨ ᠠᠪᠴᠤ ᠨᠡᠭᠦᠪᠡᠯ ᠶᠠᠮᠠᠷ ᠪᠣᠢ? ᠭᠡᠬᠦ ᠳ᠋ᠦ᠍ ᠰᠤᠷᠬᠠᠭᠲᠠᠨᠢ ᠳ᠋ᠤ᠌ ᠡᠨᠡ ᠦᠭᠡ ᠥᠪᠡᠷ ᠢ᠋ ᠨᠢ ᠭᠡᠬᠦ ᠬᠥᠮᠦᠨ ᠪᠠᠢᠭ᠎ᠠ ᠳ᠋ᠤ᠌ ᠪᠠᠶᠠᠷᠯᠠᠬᠤ ᠰᠡᠳᠬᠢᠯ ᠲᠥᠷᠥᠭᠦᠯᠦᠭᠰᠡᠨ ᠬᠡᠳᠦᠢ ᠴᠦ᠍᠂
— ᠶᠡᠬᠡ ᠡᠵᠡᠨ ᠬᠠᠭᠠᠨ ᠡᠴᠢᠭᠡ ᠮᠢᠨᠢ ᠲᠩᠷᠢ ᠳ᠋ᠦ᠍ ᠬᠠᠯᠢᠬᠤ ᠳ᠋ᠠᠭᠠᠨ ᠴᠤ ᠲᠡᠷᠡ᠂ ᠡᠷ᠎ᠡ ᠨᠥᠬᠥᠷ ᠮᠢᠨᠢ ᠣᠳᠬᠤ ᠳ᠋ᠠᠭᠠᠨ ᠴᠤ ᠲᠡᠷᠡ᠂ ᠡᠴᠢᠭᠡ ᠡᠪᠦᠭᠡ ᠶ᠋ᠢᠨ ᠢ᠋ᠶ᠋ᠡᠨ ᠭᠠᠯ ᠭᠣᠯᠣᠮᠲᠠ ᠶ᠋ᠢ ᠰᠠᠬᠢᠨ ᠰᠠᠭᠤᠬᠤ ᠶ᠋ᠢ ᠵᠠᠬᠢᠭᠰᠠᠨ ᠲᠤᠯᠠ ᠪᠢ ᠡᠨᠳᠡ ᠡᠴᠡ ᠬᠡᠷᠬᠢᠪᠡᠴᠦ ᠶᠠᠪᠤᠵᠤ ᠴᠢᠳᠠᠬᠤ ᠦᠭᠡᠢ᠃ ᠮᠢᠨᠦ ᠲᠥᠯᠥᠭᠡ ᠰᠡᠳᠬᠢᠯ ᠰᠢᠨᠠᠯᠤᠨ ᠪᠣᠢ ᠶ᠋ᠢ ᠴᠢᠨᠢ ᠣᠢᠯᠠᠭᠠᠵᠤ ᠪᠠᠢᠨ᠎ᠠ ᠭᠡᠪᠡ᠃
— ᠲᠡᠭᠡᠪᠡᠯ ᠬᠡᠷᠬᠢᠬᠦ ᠪᠢᠯᠡ᠃ ᠪᠢ ᠴᠢᠮᠠᠶ᠋ᠢ ᠢᠳᠬᠠᠵᠤ ᠨᠢᠭᠡᠨᠲᠡ ᠳᠡᠢᠯᠬᠦ ᠦᠭᠡᠢ ᠪᠣᠯᠬᠤ ᠪᠠᠷ ᠶᠠᠭᠠᠬᠢᠯᠲᠠᠢ᠂ ᠥᠨᠥᠴᠢᠨ ᠦᠯᠡᠳᠡᠭᠰᠡᠨ ᠬᠥᠪᠡᠭᠦᠳ ᠢ᠋ ᠴᠢᠨᠢ ᠬᠠᠢᠷᠠᠯᠠᠨ ᠬᠠᠯᠠᠮᠵᠢᠯᠠᠵᠤ ᠶᠠᠪᠤᠬᠤ ᠪᠠᠨ ᠬᠠᠭᠠᠨ ᠡᠵᠡᠨ ᠮᠡᠳᠡᠵᠦ ᠪᠠᠢᠭ᠎ᠠ ᠪᠣᠢ ᠵᠠ ᠭᠡᠵᠦ ᠬᠡᠯᠡᠭᠡᠳ ᠣᠢᠷ᠎ᠠ ᠵᠠᠭᠤᠷ᠎ᠠ ᠶᠠᠷᠢᠯᠴᠠᠨ ᠰᠠᠭᠤᠭᠰᠠᠨ ᠢ᠋ᠶ᠋ᠠᠨ ᠳᠠᠷᠠᠭ᠎ᠠ ᠭᠠᠷᠴᠤ ᠶᠠᠪᠤᠪᠠ᠃ ᠦᠨᠡᠨ ᠳ᠋ᠡᠭᠡᠨ ᠰᠤᠷᠬᠠᠭᠲᠠᠨᠢ ᠶ᠋ᠢ ᠭᠡᠬᠦ ᠬᠥᠮᠦᠨ ᠪᠠᠷᠤᠭ ᠦᠭᠡᠢ ᠪᠣᠯᠵᠠᠢ᠃ ᠬᠠᠢᠷᠠᠲᠠᠢ ᠠᠪᠤ ᠡᠵᠢ ᠨᠢ ᠦᠭᠡᠢ᠂ ᠬᠣᠷᠸ᠎ᠠ ᠳᠡᠭᠡᠷᠡᠬᠢ ᠭᠠᠭᠴᠠ ᠡᠭᠡᠴᠢ ᠨᠢ ᠦᠭᠡᠢ᠂ ᠬᠠᠨᠢ ᠢᠵᠢᠯᠢ ᠨᠢ ᠦᠭᠡᠢ᠂ ᠣᠳᠣ ᠲᠡᠷᠡ ᠬᠡᠨ ᠢ᠋ ᠲᠦᠰᠢᠵᠦ ᠬᠡᠨ ᠳ᠋ᠦ᠍ ᠬᠡᠷᠬᠢᠨ ᠨᠠᠢᠳᠠᠬᠤ ᠪᠢᠯᠡ᠃ ᠳᠦᠷᠭᠡᠨ᠎ᠡ ᠬᠠᠲᠤᠨ ᠢ᠋ ᠦᠷᠭᠦᠭᠡᠨ ᠡᠴᠡ ᠭᠠᠷᠤᠭᠰᠠᠨ ᠤ᠋ ᠳᠠᠷᠠᠭ᠎ᠠ ᠰᠤᠷᠬᠠᠭᠲᠠᠨᠢ ᠭᠦᠨ ᠪᠣᠳᠣᠯ ᠳ᠋ᠤ᠌ ᠳᠠᠷᠤᠭᠳᠠᠨ ᠰᠠᠭᠤᠬᠤ ᠳ᠋ᠠᠭᠠᠨ ᠬᠠᠲᠠᠭᠤ ᠵᠥᠭᠡᠯᠡᠨ ᠡᠭᠡᠯᠵᠢᠯᠡᠨ ᠪᠠᠢᠬᠤ ᠡᠨᠡ ᠠᠮᠢᠳᠤᠷᠠᠯ ᠳ᠋ᠤ᠌ ᠵᠥᠭᠡᠯᠡᠨ ᠡᠴᠡ ᠪᠡᠨ ᠬᠠᠲᠠᠭᠤ ᠨᠢ ᠣᠯᠠᠨ ᠲᠣᠬᠢᠶᠠᠵᠤ ᠪᠠᠢᠭ᠎ᠠ ᠶ᠋ᠢ ᠡᠷᠭᠢᠴᠡᠭᠦᠯᠦᠨ ᠪᠣᠳᠣᠪᠠ᠃ ᠣᠳᠣ ᠲᠡᠷᠡ ᠵᠠᠬ᠎ᠠ ᠬᠠᠮᠪᠤ ᠠᠪᠤ ᠶ᠋ᠢ ᠪᠡᠨ ᠳᠠᠭᠠᠨ ᠢᠷᠡᠵᠦ ᠪᠠᠢᠭᠰᠠᠨ ᠪᠢᠴᠢᠬᠠᠨ ᠥᠬᠢᠨ᠂ ᠠᠩᠬᠠᠨ ᠤ᠋ ᠦᠷ᠎ᠡ ᠪᠡᠨ ᠲᠥᠷᠥᠭᠦᠯᠦᠭᠡᠳ ᠵᠢᠷᠭᠠᠯ ᠲᠠᠢ ᠰᠠᠭᠤᠭᠰᠠᠨ ᠲᠠᠩᠬᠢᠯ ᠪᠦᠰᠡᠭᠦᠢ᠂ ᠠᠭᠤᠯᠠ ᠮᠡᠲᠦ ᠲᠦᠰᠢᠭ ᠲᠡᠢ ᠡᠷ᠎ᠡ ᠬᠥᠮᠦᠨ ᠦ᠌ ᠡᠬᠡᠨᠡᠷ ᠪᠢᠰᠢ ᠪᠣᠯᠵᠠᠢ᠃ ᠬᠤᠪᠢ ᠲᠠᠪᠢᠯᠠᠩ ᠤ᠋ᠨ ᠢᠯᠡᠭᠡᠭᠰᠡᠨ ᠪᠡᠯᠡᠭ ᠢ᠋ ᠭᠠᠷ ᠲᠣᠰᠣᠨ ᠠᠪᠬᠤ ᠨᠢ ᠬᠥᠮᠦᠨ ᠦ᠌ ᠠᠮᠢᠳᠤᠷᠠᠯ ᠤ᠋ᠨ ᠵᠢᠮ᠎ᠡ ᠭᠡᠯᠲᠡᠢ ᠴᠦ᠍ ᠠᠷᠤ ᠠᠷᠤ ᠠ᠋ᠴᠠ ᠪᠠᠨ ᠢᠷᠡᠬᠦ ᠬᠠᠭᠠᠴᠠᠯ ᠢ᠋ᠶ᠋ᠠᠷ ᠳᠦᠭᠦᠷᠡᠩ ᠢᠯᠡᠭᠡᠯᠲᠡ ᠶ᠋ᠢ ᠳᠠᠬᠢᠨ ᠭᠠᠷ ᠲᠤᠰᠬᠤ ᠲᠡᠩᠬᠡᠯ ᠲᠡᠭᠦᠨ ᠳ᠋ᠦ᠍ ᠪᠠᠢᠬᠤ ᠦᠭᠡᠢ ᠪᠣᠯᠵᠠᠢ᠃ ᠲᠤᠯᠤᠢ ᠶ᠋ᠢᠨ ᠬᠠᠲᠤᠨ ᠪᠣᠯᠤᠨ ᠢᠷᠡᠭᠰᠡᠨ ᠦ᠌ ᠳᠠᠷᠠᠭᠠᠬᠠᠨ ᠬᠠᠭᠠᠨ ᠡᠵᠡᠨ᠂ ᠲᠤᠯᠤᠢ ᠡᠵᠡᠨ ᠬᠣᠶᠠᠷ ᠵᠡᠷᠭᠡᠴᠡᠨ ᠡᠪᠡᠳᠴᠦ ᠬᠠᠯᠠᠭᠤᠷᠠᠨ᠂ ᠠᠮᠢ ᠲᠡᠮᠡᠴᠡᠵᠦ ᠪᠠᠢᠬᠤ ᠳ᠋ᠤ᠌ ᠪᠤᠷᠬᠠᠨ ᠬᠠᠯᠳᠤᠨ ᠤ᠋ ᠵᠦᠭ ᠬᠠᠷᠠᠨ ᠬᠡᠯᠡᠵᠦ ᠪᠠᠢᠭᠰᠠᠨ ᠦᠭᠡᠰ ᠨᠢ ᠴᠢᠬᠢᠨ ᠳ᠋ᠦ᠍ᠨᠢ ᠰᠣᠨᠣᠰᠳᠠᠬᠤ ᠰᠢᠭ᠋ ᠪᠣᠯᠤᠯ᠎ᠠ᠃《ᠬᠠᠭᠠᠨ ᠡᠵᠡᠨ ᠦᠭᠡᠢ ᠪᠣᠯ ᠬᠠᠮᠤᠭ ᠤᠯᠤᠰ ᠡᠵᠡᠨ ᠦᠭᠡᠢ ᠪᠣᠯᠤᠨ᠎ᠠ᠂ ᠲᠤᠯᠤᠢ ᠡᠵᠡᠨ ᠦᠭᠡᠢ ᠪᠣᠯ ᠭᠠᠭᠴᠠ ᠪᠡᠶ᠎ᠡ ᠪᠡᠯᠪᠡᠰᠦᠨ ᠦᠯᠡᠳᠡᠨ᠎ᠡ》᠃ ᠬᠠᠲᠤᠨ ᠬᠥᠮᠦᠨ ᠦ᠌ ᠭᠠᠢᠬᠠᠮ᠎ᠠ ᠤᠬᠠᠭᠠᠨ ᠭᠠᠷᠭᠠᠨ ᠬᠡᠯᠡᠭᠰᠡᠨ ᠡᠨᠡ ᠦᠭᠡ ᠣᠯᠠᠨ ᠬᠥᠮᠦᠨ ᠦ᠌ ᠰᠡᠳᠬᠢᠯ ᠢ᠋ ᠬᠥᠳᠡᠯᠭᠡᠨ᠂ ᠬᠠᠭᠠᠨ ᠡᠵᠡᠨ ᠬᠦᠷᠲᠡᠯ᠎ᠡ ᠡᠭᠦᠨ ᠢ᠋ ᠰᠣᠨᠣᠰᠤᠭᠠᠳ ᠦᠷᠭᠦᠭᠡᠨ ᠳ᠋ᠡᠭᠡᠨ ᠳᠠᠭᠤᠳᠠᠭᠤᠯᠵᠤ ᠪᠠᠢᠭᠰᠠᠨ ᠰᠠᠨ᠃ ᠲᠡᠷᠡ ᠦᠶ᠎ᠡ ᠳ᠋ᠦ᠍ ᠲᠩᠷᠢ ᠢᠪᠡᠭᠡᠭᠰᠡᠨ ᠴᠦ᠍᠂ ᠡᠨᠡ ᠤᠳᠠᠭ᠎ᠠ ᠢᠪᠡᠭᠡᠯᠲᠦ ᠲᠩᠷᠢ ᠰᠤᠷᠬᠠᠭᠲᠠᠨᠢ ᠶ᠋ᠢᠨ ᠵᠦᠭ ᠬᠠᠷᠠᠭᠰᠠᠨ ᠦᠭᠡᠢ᠃ ᠮᠥᠩᠬᠡ ᠲᠡᠭᠷᠢ ᠳ᠋ᠦ᠍ ᠬᠡᠯᠡᠭᠰᠡᠨ ᠦᠭᠡ ᠨᠢ ᠬᠡᠢᠰᠦᠨ ᠪᠤᠴᠠᠵᠤ ᠢᠷᠡᠭᠰᠡᠨ ᠨᠢ ᠡᠨᠡ ᠪᠠᠢᠯ᠎ᠠ᠃ ᠰᠠᠶᠢ ᠴᠢᠬᠢᠨ ᠳ᠋ᠦ᠍ᠨᠢ ᠰᠣᠨᠣᠰᠳᠠᠬᠤ ᠰᠢᠭ᠋ ᠪᠣᠯᠤᠭᠰᠠᠨ ᠦᠭᠡᠰ ᠢ᠋ ᠠᠮᠠᠨ ᠳ᠋ᠠᠭᠠᠨ ᠳᠠᠪᠲᠠᠨ ᠬᠡᠯᠡᠯ᠎ᠡ᠃《ᠬᠠᠭᠠᠨ ᠡᠵᠡᠨ ᠦᠭᠡᠢ ᠪᠣᠯ ᠬᠠᠮᠤᠭ ᠤᠯᠤᠰ ᠡᠵᠡᠨ ᠦᠭᠡᠢ ᠪᠣᠯᠤᠨ᠎ᠠ᠂ ᠲᠤᠯᠤᠢ ᠡᠵᠡᠨ ᠦᠭᠡᠢ ᠪᠣᠯ ᠭᠠᠭᠴᠠ ᠪᠡᠶ᠎ᠡ ᠪᠡᠯᠪᠡᠰᠦᠨ ᠦᠯᠡᠳᠡᠨ᠎ᠡ》᠃
ᠲᠤᠯᠤᠢ ᠡᠵᠡᠨ ᠢ᠋ ᠲᠩᠷᠢ ᠪᠣᠯᠤᠭᠠᠳ ᠨᠤᠲᠤᠭ ᠤᠰᠤᠨ ᠳ᠋ᠠᠭᠠᠨ ᠮᠥᠩᠬᠡᠳᠡ ᠣᠷᠣᠰᠢᠭᠰᠠᠨ ᠤ᠋ ᠳᠠᠷᠠᠭᠠᠬᠠᠨ ᠥᠭᠡᠳᠡᠢ ᠬᠠᠭᠠᠨ ᠵᠠᠷᠯᠢᠭ ᠪᠠᠭᠤᠯᠭᠠᠨ ᠳᠥᠷᠪᠡᠨ ᠵᠢᠯ ᠦ᠋ᠨ ᠲᠤᠷᠰᠢᠲᠠ ᠠᠮᠵᠢᠯᠲᠠ ᠲᠠᠢ ᠳᠠᠢᠳᠤᠭᠰᠠᠭᠠᠷ ᠢᠷᠡᠭᠰᠡᠨ ᠲᠤᠯᠤᠢ ᠶ᠋ᠢᠨ ᠲᠣᠮᠣ ᠬᠦᠦ ᠮᠥᠩᠬᠡ ᠳ᠋ᠦ᠍ ᠨᠢᠭᠡᠨ ᠬᠦᠨᠳᠦ ᠲᠡᠢ ᠠᠵᠢᠯ ᠢ᠋ ᠳᠠᠭᠠᠭᠠᠯᠭᠠᠭᠰᠠᠨ ᠪᠠᠢᠪᠠ᠃ ᠡᠨᠡ ᠪᠣᠯ ᠲᠤᠯᠤᠢ ᠡᠵᠡᠨ ᠦ᠌ ᠵᠠᠬᠢᠷᠤᠨ ᠰᠠᠭᠤᠵᠤ ᠪᠠᠢᠭᠰᠠᠨ ᠶᠡᠬᠡ ᠮᠣᠩᠭᠣᠯ ᠤᠯᠤᠰ ᠤ᠋ᠨ ᠭᠠᠯ ᠭᠣᠯᠣᠮᠲᠠ ᠶ᠋ᠢ ᠰᠠᠬᠢᠨ ᠬᠠᠮᠠᠭᠠᠯᠠᠵᠤ᠂ ᠡᠵᠡᠨ ᠰᠠᠭᠤᠬᠤ ᠡᠭᠦᠷᠭᠡ ᠪᠠᠢᠯ᠎ᠠ᠃ ᠶᠡᠬᠡ ᠠᠭᠤᠷᠠᠭ ᠲᠤ᠌ ᠢᠷᠡᠭᠰᠡᠨ ᠣᠢ ᠭᠠᠰᠢᠭᠤ ᠲᠠᠢᠯᠤᠭᠳᠠᠭᠰᠠᠨ ᠴᠤ᠌ ᠴᠠᠭᠠᠰᠢ ᠬᠡᠷᠬᠢᠬᠦ ᠨᠢ ᠲᠣᠳᠣᠷᠬᠠᠢ ᠦᠭᠡᠢ ᠴᠠᠭ ᠬᠤᠭᠤᠴᠠᠭᠠᠨ ᠤ᠋ ᠰᠠᠯᠬᠢᠨ ᠡᠯᠴᠢᠯ ᠦᠭᠡᠢ ᠶᠡᠬᠡ ᠲᠠᠯ᠎ᠠ ᠶ᠋ᠢᠨ ᠳᠡᠭᠡᠭᠦᠷ ᠬᠡᠢᠰᠦᠭᠰᠡᠨ ᠬᠡᠪ ᠢ᠋ᠶ᠋ᠡᠷ᠃ ᠡᠨᠡ ᠶᠡᠬᠡ ᠲᠠᠯ᠎ᠠ ᠨᠤᠲᠤᠭ ᠪᠤᠷᠬᠠᠨ ᠤ᠋ ᠭᠠᠷ ᠰᠢᠭ᠋ ᠥᠭᠭᠢᠶᠡᠮᠦᠷ ᠦᠷᠦ ᠵᠥᠭᠡᠯᠡᠨ ᠬᠢᠷᠢᠨ᠎ᠡ ᠬᠠᠲᠠᠭᠤ ᠰᠢᠷᠦᠭᠦᠨ ᠡᠪᠦᠯ ᠴᠠᠭ ᠰᠢᠭ᠋ ᠢ᠋ᠶ᠋ᠡᠨ ᠬᠥᠮᠦᠨ ᠦ᠌ ᠰᠡᠳᠬᠢᠯ ᠢ᠋ ᠡᠮᠲᠡᠯᠦᠨ ᠬᠠᠭᠠᠴᠠᠭᠤᠯᠬᠤ ᠨᠢ ᠳᠠᠩᠴᠤ ᠭᠠᠰᠠᠯᠠᠩ ᠲᠠᠢ᠃ ᠰᠤᠷᠬᠠᠭᠲᠠᠨᠢ ᠬᠠᠲᠤᠨ ᠬᠥᠪᠡᠭᠦᠳ ᠢ᠋ᠶ᠋ᠡᠨ ᠠᠮᠢᠳᠤᠷᠠᠯ ᠤ᠋ᠨ ᠬᠠᠲᠠᠭᠤ ᠬᠦᠨᠳᠦ ᠶ᠋ᠢ ᠪᠡᠶ᠎ᠡ ᠪᠡᠷ ᠦᠵᠡᠭᠦᠯᠬᠦ ᠵᠣᠷᠢᠯᠭ᠎ᠠ ᠪᠠᠷ ᠣᠷᠳᠣᠨ ᠤ᠋ ᠣᠢᠷᠠᠯᠴᠠᠭ᠎ᠠ ᠨᠤᠲᠤᠭᠯᠠᠬᠤ ᠠᠰᠢᠳᠠ ᠲᠡᠮᠦᠷ ᠲᠡᠷᠢᠭᠦᠲᠡᠢ ᠠᠢᠯ ᠤ᠋ᠳ ᠲᠤ᠌ ᠵᠤᠨ ᠤ᠋ ᠴᠠᠭ ᠲᠤ᠌ ᠬᠠᠷ᠎ᠠ ᠪᠣᠷᠣ ᠠᠵᠢᠯ ᠬᠢᠯᠭᠡᠳᠡᠭ ᠪᠠᠢᠭᠰᠠᠨ ᠢ᠋ᠶ᠋ᠠᠨ ᠪᠣᠯᠢᠭᠤᠯᠵᠤ ᠶᠡᠬᠡ ᠠᠭᠤᠷᠠᠭ ᠲᠤ ᠪᠠᠢᠯᠭᠠᠬᠤ ᠪᠣᠯᠵᠠᠢ᠃ ᠰᠥᠨᠢ ᠳᠦᠯᠢ ᠪᠣᠯᠤᠭᠰᠠᠨ ᠬᠣᠢᠨ᠎ᠠ ᠴᠤ ᠡᠨᠳᠡ ᠭᠠᠭᠴᠠᠬᠠᠨ ᠦᠷᠭᠦᠭᠡᠨ ᠦ᠌ ᠳ᠋ᠧᠩ ᠠᠰᠠᠭᠠᠯᠲᠠ ᠲᠠᠢ ᠪᠠᠢᠭ᠎ᠠ ᠬᠠᠷᠠᠭᠳᠠᠳᠠᠭ ᠨᠢ ᠨᠢᠭᠡᠨ ᠴᠠᠭ ᠲᠤ ᠥᠭᠡᠯᠦᠨ ᠡᠬᠡ ᠶ᠋ᠢᠨ ᠪᠤᠰᠬᠠᠵᠤ ᠥᠭᠭᠦᠭᠰᠡᠨ ᠨᠣᠮ ᠤ᠋ᠨ ᠥᠷᠭᠥᠭᠡ ᠪᠠᠢᠪᠠ᠃
ᠰᠤᠷᠬᠠᠭᠲᠠᠨᠢ ᠬᠠᠲᠤᠨ ᠣᠯᠠᠨ ᠭᠠᠵᠠᠷ ᠠ᠋ᠴᠠ ᠡᠷᠳᠡᠮᠲᠡᠨ ᠮᠡᠷᠭᠡᠳ ᠢ᠋ ᠤᠷᠢᠳᠤ ᠤᠷᠢᠳᠤ ᠠ᠋ᠴᠠ ᠢᠯᠡᠭᠦᠦ ᠵᠠᠯᠠᠨ ᠠᠪᠴᠤ ᠢᠷᠡᠭᠦᠯᠬᠦ ᠪᠣᠯᠤᠯ᠎ᠠ᠃ ᠣᠳᠣ ᠲᠡᠭᠦᠨ ᠦ᠌ ᠬᠡᠦᠬᠡᠳ ᠦ᠋ᠳ ᠦ᠋ᠨ ᠰᠤᠷᠴᠤ ᠮᠡᠳᠡᠭᠰᠡᠨ ᠡᠷᠳᠡᠮ ᠮᠡᠳᠡᠯᠭᠡ ᠬᠢᠭᠡᠳ ᠦᠵᠡᠵᠦ ᠲᠤᠭᠤᠯᠤᠭᠰᠠᠨ ᠠᠮᠢᠳᠤᠷᠠᠯ ᠤ᠋ᠨ ᠬᠠᠲᠠᠭᠤ ᠬᠦᠲᠦᠭᠦᠦ ᠲᠡᠳᠡᠨ ᠢ᠋ ᠡᠷ᠎ᠡ ᠶ᠋ᠢᠨ ᠴᠡᠭᠡᠯ ᠳ᠋ᠦ᠍ ᠬᠦᠷᠦᠭᠰᠡᠨ ᠢ᠋ ᠢᠯᠡᠳᠬᠡᠬᠦ ᠬᠡᠳᠦᠢ ᠴᠦ᠍ ᠲᠥᠷᠥ ᠶ᠋ᠢ ᠪᠠᠷᠢᠬᠤ ᠮᠡᠷᠭᠡᠨ ᠤᠬᠠᠭᠠᠨ᠂ ᠲᠦᠮᠡᠨ ᠢ᠋ ᠵᠢᠯᠣᠭᠣᠳᠬᠤ ᠰᠤᠤᠲᠤ ᠪᠢᠯᠢᠭ ᠲᠦ᠍ ᠰᠤᠷᠤᠯᠴᠠᠵᠤ ᠬᠠᠷᠠᠬᠠᠨ ᠴᠢᠳᠠᠭ᠎ᠠ ᠦᠭᠡᠢ ᠯᠡ ᠪᠠᠢᠯ᠎ᠠ᠃ ᠡᠯᠦᠢ ᠬᠤᠯᠤᠢ ᠮᠡᠲᠦ ᠶᠡᠬᠡ ᠠᠭᠤᠷᠠᠭ ᠤ᠋ᠨ ᠡᠳᠦᠷ ᠦ᠋ᠳ ᠦᠷᠭᠦᠯᠵᠢᠯᠡᠨ᠎ᠡ᠃
ᠥᠭᠡᠳᠡᠢ ᠬᠠᠭᠠᠨ ᠵᠠᠷᠯᠢᠭ ᠪᠣᠯᠭᠠᠨ ᠪᠣᠰᠬᠠᠭᠰᠠᠨ ᠬᠠᠷᠠᠬᠣᠷᠣᠮ ᠳ᠋ᠤ᠌ ᠲᠥᠪᠯᠡᠷᠡᠭᠰᠡᠨ ᠶᠡᠬᠡ ᠮᠣᠩᠭᠣᠯ ᠤᠯᠤᠰ ᠤ᠋ᠨ ᠤᠷᠲᠤ ᠨᠡᠢᠰᠯᠡᠯ ᠡᠴᠡ ᠨᠢᠭᠡᠨ ᠮᠡᠳᠡᠭᠡ ᠢᠷᠡᠭᠰᠡᠨ ᠨᠢ ᠥᠭᠡᠳᠡᠢ ᠬᠠᠭᠠᠨ ᠰᠤᠷᠬᠠᠭᠲᠠᠨᠢ ᠬᠠᠲᠤᠨ ᠢ᠋ ᠬᠠᠷᠠᠬᠣᠷᠣᠮ ᠳ᠋ᠤ᠌ ᠳᠠᠭᠤᠳᠠᠭᠤᠯᠵᠠᠢ᠃
ᠬᠠᠲᠤᠨ ᠡᠬᠡ ᠠᠶᠠᠨ ᠵᠠᠮ ᠳ᠋ᠤ᠌ ᠪᠡᠯᠡᠳᠦᠨ ᠪᠠᠢᠬᠤ ᠳ᠋ᠤ᠌ ᠲᠡᠭᠦᠨ ᠦ᠌ ᠬᠥᠪᠡᠭᠦᠳ ᠴᠤ᠌ ᠪᠠᠰᠠ ᠡᠬᠡ ᠶ᠋ᠢ ᠪᠡᠨ ᠳᠠᠭᠠᠨ ᠶᠠᠪᠤᠬᠤ ᠪᠠᠷ ᠵᠡᠬᠡᠵᠡᠢ᠃
— ᠬᠥᠪᠡᠭᠦᠳ ᠨᠢᠳᠤᠷᠭ᠎ᠠ ᠵᠥᠷᠢᠭᠦᠯᠵᠦ ᠪᠠᠢᠨ᠎ᠠ ᠭᠡᠰᠡᠨ ᠠᠶᠠᠭᠠᠴᠢᠨ ᠤ᠋ ᠰᠠᠨᠳᠤᠷᠤᠨ ᠣᠷᠣᠵᠤ ᠢᠷᠡᠬᠦ ᠳ᠋ᠡᠭᠡᠨ ᠬᠡᠯᠡᠭᠰᠡᠨ ᠦᠭᠡ ᠶ᠋ᠢ ᠰᠣᠨᠣᠰᠤᠭᠠᠳ ᠰᠤᠷᠬᠠᠭᠲᠠᠨᠢ ᠲᠡᠷᠡ ᠳᠣᠣᠷ᠎ᠠ ᠪᠠᠨ ᠦᠷᠭᠦᠭᠡᠨ ᠡᠴᠡ ᠭᠠᠷᠤᠯ᠎ᠠ᠃ ᠦᠷᠭᠦᠭᠡᠨ ᠦ᠌ ᠬᠠᠵᠠᠭᠤᠬᠠᠨ ᠲᠠᠢ ᠬᠤᠪᠢᠯᠠᠢ᠂ ᠬᠦᠯᠡᠬᠦ ᠬᠣᠶᠠᠷ ᠪᠡᠶ᠎ᠡ ᠪᠡᠶ᠎ᠡ ᠪᠡᠨ ᠨᠢᠳᠤᠷᠤᠨ᠂ ᠣᠷᠳᠣᠨ ᠤ᠋ ᠠᠯᠪᠠᠲᠤ ᠨᠤᠭᠤᠳ ᠲᠡᠳᠡᠨ ᠢ᠋ ᠲᠣᠭᠣᠷᠢᠨ ᠬᠡᠷᠬᠢᠬᠦ ᠪᠡᠨ ᠮᠡᠳᠡᠬᠦ ᠦᠭᠡᠢ ᠰᠠᠨᠳᠤᠷᠤᠯᠳᠤᠨ ᠪᠠᠢᠨ᠎ᠠ᠃ ᠡᠨᠡ ᠨᠢ ᠬᠠᠲᠤᠨ ᠤ᠋ ᠬᠥᠪᠡᠭᠦᠳ ᠥᠪᠡᠷ ᠦ᠋ᠨ ᠣᠯᠵᠠᠨ ᠤ᠋ ᠬᠥᠮᠦᠨ ᠢ᠋ ᠪᠤᠯᠢᠶᠠᠴᠠᠯᠳᠤᠭᠰᠠᠨ ᠠ᠋ᠴᠠ ᠡᠭᠦᠳᠦᠯ ᠲᠡᠢ ᠪᠠᠢᠪᠠ᠃
ᠲᠤᠯᠤᠢ ᠡᠴᠢᠭᠡ ᠨᠢ ᠠᠮᠢᠳᠤ ᠰᠡᠷᠡᠭᠦᠨ ᠳ᠋ᠡᠭᠡᠨ ᠬᠠᠭᠠᠨ ᠠᠬ᠎ᠠ ᠶ᠋ᠢ ᠪᠡᠨ ᠳᠠᠭᠠᠨ ᠬᠣᠷᠧᠽᠮ ᠦ᠋ᠨ ᠦᠯᠡᠳᠡᠭᠳᠡᠯ ᠢ᠋ ᠳᠠᠢᠯᠠᠭᠠᠳ ᠢᠷᠡᠬᠦ ᠳ᠋ᠡᠭᠡᠨ ᠣᠯᠵᠠᠨ ᠳ᠋ᠤ᠌ ᠠᠪᠴᠢᠷᠠᠭᠰᠠᠨ ᠪᠢᠴᠢᠭ ᠦ᠋ᠨ ᠬᠥᠮᠦᠨ ᠪᠣᠯᠬᠤ ᠢᠰᠯᠠᠮ ᠤ᠋ᠨ ᠱᠠᠰᠢᠨ ᠲᠠᠢ ᠨᠢᠭᠡᠨ ᠬᠥᠮᠦᠨ ᠢ᠋ ᠬᠦᠦ ᠬᠥᠯᠡᠬᠦ ᠳ᠋ᠡᠭᠡᠨ ᠥᠭᠴᠦ᠂ ᠺᠣᠷᠠᠨ ᠰᠤᠳᠤᠷ ᠤ᠋ᠨ ᠲᠠᠢᠯᠪᠤᠷᠢ ᠶ᠋ᠢ ᠬᠢᠯᠭᠡᠬᠦ ᠪᠡᠷ ᠦᠯᠡᠳᠡᠭᠡᠭᠰᠡᠨ ᠨᠢ ᠬᠣᠵᠢᠮ ᠬᠥᠯᠡᠬᠦ ᠶ᠋ᠢᠨ ᠥᠪᠡᠷ ᠦ᠋ᠨ ᠬᠥᠮᠦᠨ ᠪᠣᠯᠵᠤ᠂ ᠬᠠᠨ ᠬᠦᠦ ᠶ᠋ᠢ ᠬᠠᠮᠢᠭ᠎ᠠ ᠶᠠᠪᠤᠭᠰᠠᠨ ᠭᠠᠵᠠᠷ ᠲᠠᠭᠠᠨ ᠶᠠᠪᠤᠬᠤ ᠪᠣᠯᠤᠭᠰᠠᠨ ᠪᠠᠢᠪᠠ᠃ ᠬᠠᠷᠢᠨ ᠡᠨᠡ ᠡᠳᠦᠷ ᠬᠤᠪᠢᠯᠠᠢ ᠠᠬ᠎ᠠ ᠨᠢ ᠳᠡᠭᠦᠦ ᠶ᠋ᠢᠨ ᠢ᠋ᠶ᠋ᠡᠨ ᠬᠥᠮᠦᠨ ᠢ᠋ ᠥᠪᠡᠷ ᠲᠡᠭᠡᠨ ᠠᠪᠤᠨ᠎ᠠ ᠭᠡᠰᠡᠨ ᠡᠴᠡ ᠡᠨᠡ ᠮᠠᠷᠭᠤᠭᠠᠨ ᠪᠣᠯᠤᠭᠰᠠᠨ ᠠᠵᠤᠭᠤ᠃ ᠬᠠᠲᠤᠨ ᠲᠡᠳᠡᠨ ᠦ᠌ ᠳᠡᠷᠭᠡᠳᠡ ᠣᠢᠷᠠᠲᠤᠨ ᠣᠴᠢᠪᠠᠯ ᠬᠥᠪᠡᠭᠦᠳ ᠡᠬᠡ ᠶ᠋ᠢ ᠪᠡᠨ ᠬᠠᠷᠠᠭᠠᠳ ᠬᠡᠨ ᠬᠡᠨ ᠨᠢ ᠭᠠᠷ ᠢ᠋ᠶ᠋ᠠᠨ ᠲᠠᠲᠠᠵᠤ ᠠᠪᠤᠯ᠎ᠠ᠃ ᠬᠤᠪᠢᠯᠠᠢ ᠶ᠋ᠢᠨ ᠡᠮᠦᠰᠦᠭᠰᠡᠨ ᠳᠡᠪᠡᠯ ᠦ᠋ᠨ ᠬᠢᠨᠢ ᠰᠤᠭᠤ ᠬᠠᠩᠵᠠᠷᠠᠭᠰᠠᠨ ᠪᠠᠢᠬᠤ ᠳ᠋ᠤ᠌ ᠬᠦᠯᠡᠬᠦ ᠶ᠋ᠢᠨ ᠡᠩᠭᠡᠷ ᠵᠠᠭᠠᠮ᠎ᠠ ᠨᠢ ᠤᠷᠠᠭᠳᠠᠵᠠᠢ᠃ ᠬᠣᠶᠠᠭᠤᠯᠠ ᠡᠬᠡ ᠶ᠋ᠢ ᠪᠡᠨ ᠬᠠᠷᠠᠨ ᠡᠮᠢᠶᠡᠬᠦ ᠠᠪᠠᠴᠤ ᠬᠣᠭᠣᠷᠣᠨᠳᠣ ᠪᠠᠨ ᠵᠥᠷᠢᠭᠦᠯᠦᠭᠰᠡᠨ ᠨᠢᠳᠤᠷᠭᠠᠨ ᠤ᠋ ᠦᠰ ᠨᠢ ᠲᠠᠢᠯᠤᠭᠳᠠᠭᠠ ᠦᠭᠡᠢ ᠪᠡᠷ ᠪᠠᠷᠠᠬᠤ ᠦᠭᠡᠢ ᠪᠡᠶ᠎ᠡ ᠪᠠᠶᠠᠨ ᠤ᠋ ᠪᠠᠨ ᠵᠦᠭ ᠬᠣᠷᠣᠰᠤᠯ ᠲᠠᠢ ᠬᠠᠷᠠᠨ᠎ᠠ᠃ ᠰᠤᠷᠬᠠᠭᠲᠠᠨᠢ᠄
— ᠶᠠᠭᠤ ᠪᠣᠯᠵᠤ ᠪᠠᠢᠭ᠎ᠠ ᠴᠢᠨᠢ ᠡᠨᠡ ᠪᠣᠢ ᠭᠡᠮᠡᠨ ᠠᠭᠤᠷ ᠲᠠᠢ ᠠᠰᠠᠭᠤᠬᠤ ᠳ᠋ᠤ᠌ ᠬᠦᠯᠡᠬᠦ ᠠᠮᠢᠰᠬᠤᠭ᠎ᠠ ᠨᠢ ᠳᠠᠷᠤᠭᠳᠠᠭ᠎ᠠ ᠦᠭᠡᠢ ᠬᠡᠪ ᠢ᠋ᠶ᠋ᠡᠷ᠄
— ᠬᠤᠪᠢᠯᠠᠢ ᠠᠬ᠎ᠠ ᠳ᠋ᠤ᠌ ᠥᠪᠡᠷ ᠦ᠋ᠨ ᠬᠥᠮᠦᠨ ᠪᠠᠢᠭᠰᠠᠭᠠᠷ ᠠᠲᠠᠯ᠎ᠠ ᠮᠢᠨᠦ ᠬᠥᠮᠦᠨ ᠢ᠋ ᠠᠪᠬᠤ ᠭᠡᠯᠡ᠂ ᠡᠨᠡ ᠴᠢᠨᠢ ᠰᠢᠳᠤᠷᠭᠤ ᠶᠣᠰᠣ ᠶᠤᠮ ᠤᠤ?
ᠬᠤᠪᠢᠯᠠᠢ ᠳᠡᠭᠦᠦ ᠶ᠋ᠢᠨ ᠢ᠋ᠶ᠋ᠡᠨ ᠦᠭᠡ ᠶ᠋ᠢ ᠡᠰᠡᠷᠭᠦᠴᠡᠨ᠂ ᠬᠠᠲᠤᠨ ᠡᠬᠡ ᠳ᠋ᠡᠭᠡᠨ ᠵᠠᠷᠭᠤ ᠮᠡᠳᠡᠭᠦᠯᠵᠦ᠂
— ᠡᠵᠢ ᠮᠢᠨᠢ ᠲᠠ ᠮᠡᠳᠡᠵᠦ ᠪᠠᠢᠭ᠎ᠠ᠂ ᠪᠢ ᠲᠡᠭᠦᠨ ᠦ᠌ ᠠᠬ᠎ᠠ ᠨᠢ ᠨᠢᠭᠡᠨ ᠴᠠᠭ ᠲᠤ ᠡᠴᠢᠭᠡ ᠮᠢᠨᠢ ᠬᠠᠭᠠᠨ ᠠᠬ᠎ᠠ ᠶ᠋ᠢᠨ ᠢ᠋ᠶ᠋ᠡᠨ ᠡᠮᠦᠨ᠎ᠡ ᠡᠴᠡ ᠠᠮᠢ ᠪᠠᠨ ᠬᠦᠷᠲᠡᠯ᠎ᠡ ᠥᠭᠭᠦᠭᠰᠡᠨ ᠪᠠᠢᠬᠤ ᠳ᠋ᠤ᠌ ᠮᠢᠨᠦ ᠳᠡᠭᠦᠦ ᠨᠠᠳᠠ ᠠ᠋ᠴᠠ ᠨᠢᠭᠡᠨ ᠵᠠᠷᠤᠴᠠ ᠶ᠋ᠢ ᠬᠠᠷᠠᠮᠯᠠᠯᠠ ᠭᠡᠵᠦ ᠪᠢ ᠭᠣᠮᠣᠳᠠᠪᠠ᠃ ᠰᠤᠷᠬᠠᠭᠲᠠᠨᠢ ᠣᠯᠠᠨ ᠤ᠋ ᠡᠮᠦᠨ᠎ᠡ ᠡᠨᠡ ᠮᠡᠲᠦ ᠠᠯᠳᠠᠭ᠎ᠠ ᠭᠠᠷᠭᠠᠭᠰᠠᠨ ᠬᠣᠶᠠᠷ ᠬᠦᠦ ᠳ᠋ᠡᠭᠡᠨ ᠠᠭᠤᠷᠯᠠᠨ ᠪᠠᠢᠪᠠᠴᠤ᠂
— ᠲᠠ ᠬᠣᠶᠠᠷ ᠳᠠᠭᠤ ᠪᠠᠨ ᠠᠶᠠᠳᠠᠭᠠᠳ ᠨᠠᠮᠠᠶ᠋ᠢ ᠳᠠᠭᠠᠭᠠᠳ ᠶᠠᠪᠤ ᠭᠡᠵᠦ ᠬᠡᠯᠡᠭᠡᠳ ᠲᠡᠳᠡᠨ ᠢ᠋ ᠳᠠᠭᠠᠭᠤᠯᠤᠨ ᠥᠷᠭᠥᠭᠡ ᠤᠷᠤᠭᠤ ᠪᠠᠨ ᠣᠷᠣᠯ᠎ᠠ᠃ ᠡᠨᠡ ᠶᠠᠪᠤᠳᠠᠯ ᠢ᠋ ᠬᠠᠷᠠᠵᠤ ᠵᠣᠭᠰᠣᠭᠰᠠᠨ ᠠᠯᠪᠠᠲᠤ ᠨᠤᠭᠤᠳ ᠴᠤ ᠳᠠᠷᠬᠠᠨ ᠶᠠᠪᠤᠪᠠ᠃ ᠰᠤᠷᠬᠠᠭᠲᠠᠨᠢ ᠦᠷᠭᠦᠭᠡᠨ ᠦ᠌ ᠪᠡᠨ ᠬᠣᠢᠮᠣᠷ ᠲᠤ ᠣᠴᠢᠵᠤ ᠰᠠᠭᠤᠨ᠂ ᠬᠡᠰᠡᠭ ᠵᠠᠭᠤᠷ᠎ᠠ ᠨᠢᠳᠦ ᠪᠡᠨ ᠠᠨᠢᠨ᠂ ᠶᠠᠮᠠᠷ ᠨᠢᠭᠡᠨ ᠵᠦᠢᠯ ᠦ᠋ᠨ ᠲᠤᠬᠠᠢ ᠪᠣᠳᠣᠨ ᠪᠠᠢᠭ᠎ᠠ ᠪᠣᠯᠪᠠ ᠤᠤ ᠭᠡᠮᠡᠷ ᠪᠠᠢᠭᠰᠠᠨ ᠢ᠋ᠶ᠋ᠠᠨ᠂ ᠠᠨᠢᠭᠰᠠᠨ ᠨᠢᠳᠦᠨ ᠦ᠌ ᠬᠢᠨᠢ ᠵᠠᠪᠰᠠᠷ ᠠ᠋ᠴᠠ ᠨᠢᠯᠪᠤᠰᠤ ᠲᠤᠨᠤᠷᠠᠨ ᠢᠷᠡᠵᠦ᠂ ᠬᠠᠴᠠᠷ ᠢ᠋ ᠨᠢ ᠳᠠᠭᠠᠨ ᠤᠷᠤᠰᠤᠯ᠎ᠠ᠃ ᠠᠷᠤ ᠠᠷᠤ ᠠ᠋ᠴᠠ ᠪᠠᠨ ᠴᠤᠪᠤᠷᠠᠨ ᠭᠠᠷᠴᠤ ᠪᠠᠢᠭ᠎ᠠ ᠬᠠᠲᠤᠨ ᠡᠬᠡ ᠶ᠋ᠢᠨ ᠢ᠋ᠶ᠋ᠡᠨ ᠨᠢᠯᠪᠤᠰᠤ ᠶ᠋ᠢ ᠬᠠᠷᠠᠨ ᠬᠡᠷᠬᠢᠬᠦ ᠪᠡᠨ ᠮᠡᠳᠡᠬᠦ ᠦᠭᠡᠢ ᠬᠤᠪᠢᠯᠠᠢ᠂ ᠬᠦᠯᠡᠬᠦ ᠬᠣᠶᠠᠷ ᠤ᠋ᠨ ᠭᠠᠢᠬᠠᠰᠢ ᠲᠠᠰᠤᠷᠠᠯ᠎ᠠ᠃ ᠤᠭ ᠠ᠋ᠴᠠ ᠬᠠᠲᠠᠭᠤ ᠴᠢᠩᠭ᠎ᠠ ᠬᠠᠲᠤᠨ ᠡᠬᠡ ᠨᠢ ᠢᠩᠭᠢᠵᠦ ᠤᠬᠢᠯᠠᠵᠤ ᠪᠠᠢᠭ᠎ᠠ ᠶ᠋ᠢ ᠲᠡᠳᠡ ᠬᠠᠷᠠᠭ᠎ᠠ ᠦᠭᠡᠢ ᠪᠢᠯᠡ᠃ ᠲᠤᠯᠤᠢ ᠡᠵᠡᠨ ᠢ᠋ ᠬᠥᠳᠡᠭᠡᠯᠡᠭᠦᠯᠬᠦ ᠠᠵᠢᠯ ᠳᠡᠭᠡᠷ᠎ᠡ ᠴᠦ᠍ ᠭᠠᠭᠴᠠ ᠳᠤᠰᠤᠯ ᠨᠢᠯᠪᠤᠰᠤ ᠤᠨᠠᠭᠠᠭ᠎ᠠ ᠦᠭᠡᠢ ᠡᠬᠡ ᠨᠢ ᠠᠰᠬᠠᠷᠠᠭᠤᠯᠤᠨ ᠤᠬᠢᠯᠠᠵᠤ ᠪᠠᠢᠯ᠎ᠠ᠃ ᠲᠡᠭᠦᠨ ᠦ᠌ ᠨᠢᠳᠦᠨ ᠡᠴᠡ ᠣᠯᠠᠨ ᠵᠢᠯ ᠦ᠋ᠨ ᠲᠤᠷᠰᠢᠲᠠ ᠬᠤᠷᠠᠭᠰᠠᠨ ᠨᠢᠯᠪᠤᠰᠤ ᠵᠠᠳᠠ ᠲᠠᠯᠪᠢᠨ ᠠᠰᠬᠠᠷᠠᠵᠤ ᠪᠠᠢᠬᠤ ᠰᠢᠭ᠋ ᠬᠠᠷᠠᠭᠳᠠᠨ᠎ᠠ᠃
— ᠪᠢ ᠲᠠ ᠨᠠᠷ ᠢ᠋ ᠲᠥᠷᠥᠭᠦᠯᠵᠦ ᠡᠬᠡ ᠪᠣᠯᠤᠭᠰᠠᠨ ᠴᠠᠭ ᠠ᠋ᠴᠠ ᠥᠪᠡᠷ ᠦ᠋ᠨ ᠲᠥᠯᠥᠭᠡ ᠪᠤᠰᠤ ᠦᠷ᠎ᠡ ᠬᠡᠦᠬᠡᠳ ᠦ᠋ᠨ ᠢ᠋ᠶ᠋ᠡᠨ ᠲᠥᠯᠥᠭᠡ ᠬᠠᠮᠤᠭ ᠪᠦᠬᠦᠨ ᠢ᠋ᠶ᠋ᠡᠨ ᠵᠣᠷᠢᠭᠤᠯᠵᠤ ᠢᠷᠡᠭᠰᠡᠨ᠂ ᠥᠨᠥ ᠮᠢᠨᠦ ᠵᠣᠷᠢᠯᠭ᠎ᠠ ᠲᠠᠯᠠᠭᠠᠷ ᠪᠣᠯᠵᠤ ᠪᠠᠢᠭ᠎ᠠ ᠶ᠋ᠢ ᠬᠠᠷᠠᠯ᠎ᠠ ᠭᠡᠳ ᠠᠰᠬᠠᠷᠠᠨ ᠪᠠᠢᠭ᠎ᠠ ᠨᠢᠯᠪᠤᠰᠤ ᠪᠠᠨ ᠠᠷᠴᠢᠬᠤ ᠴᠤ ᠰᠥᠬᠥᠭᠡ ᠦᠭᠡᠢ᠂
— ᠡᠴᠢᠭᠡ ᠴᠢᠨᠢ ᠲᠩᠷᠢ ᠪᠣᠯᠵᠤ᠂ ᠶᠡᠬᠡ ᠭᠠᠰᠢᠭᠤ ᠲᠠᠢᠯᠤᠭᠳᠠᠭᠠ ᠦᠭᠡᠢ ᠪᠠᠢᠬᠤ ᠳ᠋ᠤ᠌ ᠥᠨᠥ ᠲᠣᠮᠣ ᠲᠣᠯᠣᠭᠠᠢ ᠭᠠᠷᠭᠠᠨ ᠡᠬᠡ ᠶ᠋ᠢ ᠪᠡᠨ ᠲᠠ ᠨᠠᠷ ᠡᠯᠡᠭ ᠪᠠᠷᠢᠨ᠎ᠠ ᠤᠤ᠂ ᠪᠢ ᠲᠠ ᠨᠠᠷ ᠲᠤ ᠤᠬᠠᠭᠠᠨ ᠣᠷᠣᠭᠰᠠᠨ ᠴᠠᠭ ᠠ᠋ᠴᠠ ᠴᠢᠨᠢ ᠡᠬᠢᠯᠡᠨ ᠶᠠᠭᠤ ᠰᠤᠷᠭᠠᠭᠰᠠᠨ ᠪᠣᠢ? ᠬᠡᠮᠡᠬᠦ ᠳ᠋ᠦ᠍ ᠬᠥᠪᠡᠭᠦᠳ ᠦ᠋ᠨ ᠠᠬ᠎ᠠ ᠨᠢ ᠬᠤᠪᠢᠯᠠᠢ ᠡᠬᠡ ᠡᠴᠡ ᠪᠡᠨ ᠡᠮᠢᠶᠡᠨ᠂
— ᠨᠣᠮ ᠡᠷᠳᠡᠮ ᠳ᠋ᠦ᠍ ᠰᠢᠮᠳᠠᠭᠤᠯᠵᠤ᠂ ᠠᠮᠢᠳᠤᠷᠠᠯ ᠤ᠋ᠨ ᠬᠠᠲᠠᠭᠤ ᠶ᠋ᠢ ᠰᠤᠷᠭᠠᠮᠵᠢᠯᠠᠭᠰᠠᠨ᠃ ᠰᠤᠷᠬᠠᠭᠲᠠᠨᠢ ᠠᠰᠬᠠᠷᠠᠨ ᠪᠣᠢ ᠨᠢᠯᠪᠤᠰᠤ ᠪᠠᠨ ᠠᠷᠴᠢᠨ᠂
— ᠳᠤᠲᠠᠭᠤ ᠪᠠᠢᠨ᠎ᠠ ᠭᠡᠪᠡ᠃ ᠬᠥᠪᠡᠭᠦᠳ ᠶᠠᠭᠤ ᠬᠡᠯᠡᠬᠦ ᠪᠡᠨ ᠮᠡᠳᠡᠬᠦ ᠦᠭᠡᠢ ᠪᠠᠢᠭ᠎ᠠ ᠪᠣᠯᠤᠯᠲᠠᠢ ᠭᠠᠢᠬᠠᠰᠢᠷᠠᠨ᠂ ᠰᠤᠷᠬᠠᠭᠲᠠᠨᠢ ᠲᠡᠳᠡᠨ ᠢ᠋ ᠨᠢᠯᠪᠤᠰᠤ ᠲᠠᠢ ᠨᠢᠳᠦ ᠪᠡᠷ ᠢ᠋ᠶ᠋ᠡᠨ ᠬᠠᠷᠠᠨ᠂
— ᠪᠢ ᠲᠠ ᠨᠠᠷ ᠲᠤ ᠰᠤᠷᠭᠠᠭᠰᠠᠨ ᠬᠠᠮᠤᠭ ᠤ᠋ᠨ ᠴᠢᠬᠤᠯᠠ ᠶᠠᠭᠤᠮ᠎ᠠ ᠶ᠋ᠢ ᠮᠠᠷᠲᠠᠯ᠎ᠠ ᠭᠡᠵᠦ ᠤᠤ᠂ ᠡᠴᠢᠭᠡ ᠴᠢᠨᠢ ᠲᠩᠷᠢ ᠳ᠋ᠦ᠍ ᠬᠠᠯᠢᠵᠤ᠂ ᠡᠬᠡ ᠴᠢᠨᠢ ᠤᠬᠠᠭᠠᠨ ᠢ᠋ᠶ᠋ᠠᠨ ᠰᠢᠷᠭᠢᠭᠡᠨ ᠶᠠᠪᠤᠭ᠎ᠠ ᠶ᠋ᠢᠨ ᠤᠴᠢᠷ ᠶᠠᠭᠤ ᠪᠣᠢ? ᠬᠥᠪᠡᠭᠦᠳ ᠳᠣᠷᠣᠭᠰᠢ ᠬᠠᠷᠠᠨ ᠰᠠᠭᠤᠵᠠᠢ᠃
ᠪᠢᠳᠡᠨ ᠳ᠋ᠦ᠍ ᠲᠦᠰᠢᠵᠦ ᠲᠤᠯᠬᠤ ᠬᠡᠨ ᠪᠠᠢᠭ᠎ᠠ ᠪᠣᠢ᠂ ᠬᠣᠰᠢᠭᠤ ᠳᠡᠪᠢᠰᠦᠨ ᠥᠮᠥᠭᠯᠡᠬᠦ ᠡᠴᠢᠭᠡ ᠴᠢᠨᠢ ᠠᠯᠠᠭ᠎ᠠ᠂ ᠣᠳᠣ ᠲᠠ ᠨᠠᠷ ᠤᠷᠭᠤᠵᠤ ᠭᠦᠢᠴᠡᠭᠡ ᠦᠭᠡᠢ ᠮᠣᠳᠣ᠂ ᠤᠬᠠᠭᠠᠷᠠᠵᠤ ᠠᠮᠵᠢᠭ᠎ᠠ ᠦᠭᠡᠢ ᠪᠠᠯᠴᠢᠷ ᠠᠲᠠᠯ᠎ᠠ ᠢᠩᠭᠢᠵᠦ ᠲᠡᠮᠡᠴᠡᠯᠳᠦᠬᠦ ᠶ᠋ᠢ ᠴᠢᠨᠢ ᠬᠠᠷᠠᠨ ᠰᠠᠭᠤᠬᠤ ᠤᠤ ᠪᠢ᠂ ᠬᠤᠪᠢᠯᠠᠢ ᠬᠥᠯᠡᠬᠦ ᠬᠣᠶᠠᠷ ᠳᠣᠷᠣᠭᠰᠢ ᠬᠠᠷᠠᠨ ᠰᠠᠭᠤᠭᠰᠠᠨ ᠬᠡᠪ ᠢ᠋ᠶ᠋ᠡᠷ᠃ ᠲᠡᠳᠡ ᠵᠥᠪᠬᠡᠨ ᠡᠬᠡ ᠶ᠋ᠢᠨ ᠢ᠋ᠶ᠋ᠡᠨ ᠠᠮᠠᠨ ᠠ᠋ᠴᠠ ᠠᠬᠢᠨ ᠶᠠᠮᠠᠷ ᠦᠭᠡ ᠤᠨᠠᠬᠤ ᠶ᠋ᠢ ᠲᠦᠭᠰᠢᠨ ᠬᠦᠯᠢᠶᠡᠵᠦ ᠪᠠᠢᠪᠠ᠃ ᠰᠤᠷᠬᠠᠭᠲᠠᠨᠢ ᠦᠷᠭᠦᠯᠵᠢᠯᠡᠭᠦᠯᠦᠨ᠂
— ᠮᠥᠩᠬᠡ ᠬᠥᠬᠡ ᠲᠩᠷᠢ ᠶ᠋ᠢᠨ ᠳᠣᠣᠷ᠎ᠠ ᠡᠪᠯᠡᠯᠳᠦᠨ ᠨᠢᠭᠡᠳᠦᠭᠡ ᠦᠭᠡᠢ ᠪᠣᠯ ᠶᠡᠬᠡ ᠭᠦᠷᠦᠨ ᠴᠤ ᠳᠠᠷᠬᠠᠨ ᠤᠨᠠᠬᠤ ᠨᠢ ᠠᠮᠠᠷᠬᠠᠨ ᠪᠠᠢᠳᠠᠭ ᠠᠲᠠᠯ᠎ᠠ᠂ ᠥᠨᠥᠴᠢᠷᠡᠵᠦ ᠦᠯᠡᠳᠡᠭᠰᠡᠨ ᠬᠡᠳᠦᠨ ᠬᠡᠦᠬᠡᠳ ᠮᠢᠨᠢ ᠠᠷᠢᠶᠠᠲᠠᠨ ᠮᠡᠲᠦ ᠪᠡᠶᠡᠰ ᠢ᠋ᠶ᠋ᠡᠨ ᠬᠡᠦᠯᠵᠦ᠂ ᠠᠮᠢᠲᠠᠨ ᠤ᠋ ᠢᠳᠡᠰᠢ ᠪᠣᠯᠬᠤ ᠶ᠋ᠢ ᠪᠢ ᠬᠠᠷᠠᠬᠤ ᠤᠤ? ᠥᠨᠥᠳᠥᠷ ᠨᠢᠭᠡ ᠵᠠᠷᠤᠴᠠ ᠶ᠋ᠢ ᠪᠤᠯᠢᠶᠠᠴᠠᠯᠳᠤᠨ᠂ ᠨᠢᠳᠤᠷᠭ᠎ᠠ ᠵᠥᠷᠢᠭᠦᠯᠡᠵᠦ ᠪᠠᠢᠭ᠎ᠠ ᠬᠥᠮᠦᠰ ᠬᠣᠵᠢᠮ ᠶᠡᠬᠡ ᠭᠦᠷᠦᠨ ᠢ᠋ ᠪᠤᠯᠢᠶᠠᠴᠠᠯᠳᠤᠨ ᠪᠡᠶᠡᠰ ᠢ᠋ᠶ᠋ᠡᠨ ᠬᠥᠨᠥᠭᠡᠬᠦ ᠠᠷᠢᠶᠠᠲᠠᠨ ᠪᠣᠯᠤᠨ᠎ᠠ ᠪᠤᠰᠤ ᠤᠤ? ᠮᠢᠨᠦ ᠬᠡᠪᠡᠯᠢ ᠡᠴᠡ ᠴᠤᠪᠤᠨ ᠲᠥᠷᠥᠭᠰᠡᠨ ᠦᠷᠡᠰ ᠠᠲᠠᠯ᠎ᠠ ᠡᠢᠮᠦ ᠢᠴᠢᠭᠦᠷᠢ ᠦᠭᠡᠢ ᠶᠠᠪᠤᠳᠠᠯ ᠭᠠᠷᠭᠠᠬᠤ ᠭᠡᠵᠦ᠁ ᠲᠠ ᠬᠣᠶᠠᠷ ᠲᠩᠷᠢ ᠪᠣᠯᠤᠭᠰᠠᠨ ᠡᠴᠢᠭᠡ ᠶ᠋ᠢᠨ ᠪᠠᠨ ᠶᠠᠰᠤ ᠶ᠋ᠢ ᠥᠨᠳᠡᠯᠵᠡᠭᠦᠯᠵᠦ᠂ ᠲᠡᠮᠡᠴᠡᠨ ᠦᠯᠡᠳᠡᠭᠰᠡᠨ ᠡᠬᠡ ᠶ᠋ᠢᠨ ᠢ᠋ᠶ᠋ᠡᠨ ᠭᠣᠣᠯ ᠢ᠋ ᠬᠠᠷᠠᠯᠠᠭᠤᠯᠤᠯᠠ᠃ ᠦᠷᠭᠦᠭᠡᠨ ᠳ᠋ᠦ᠍ ᠴᠢᠮᠡᠭᠡ ᠠᠨᠢᠷ ᠦᠭᠡᠢ᠂ ᠡᠬᠢᠨ ᠦ᠌ ᠶᠠᠷᠢᠶ᠎ᠠ ᠶ᠋ᠢ ᠳᠠᠭᠤᠰᠲᠠᠯ᠎ᠠ ᠰᠣᠨᠣᠰᠤᠭᠰᠠᠨ ᠬᠤᠪᠢᠯᠠᠢ᠄
— ᠬᠠᠲᠤᠨ ᠡᠬᠡ ᠮᠢᠨᠢ ᠪᠢᠳᠡᠨ ᠢ᠋ ᠥᠷᠥᠰᠢᠶᠡ᠂ ᠠᠭᠤᠷ ᠤ᠋ᠨ ᠮᠤᠩᠬᠠᠭ ᠢ᠋ᠶ᠋ᠠᠷ᠂ ᠤᠬᠠᠪᠤᠷᠢ ᠮᠥᠴᠢᠳ ᠤᠬᠠᠭᠠᠨ ᠢ᠋ᠶ᠋ᠠᠷ ᠪᠢ ᠪᠤᠷᠤᠭᠤ ᠬᠡᠷᠡᠭ ᠬᠢᠵᠡᠢ ᠭᠡᠬᠦ ᠳ᠋ᠦ᠍ ᠬᠥᠯᠡᠬᠦ ᠴᠤ ᠮᠥᠨ ᠥᠪᠡᠷ ᠦ᠋ᠨ ᠪᠤᠷᠤᠭᠤ ᠶ᠋ᠢ ᠮᠡᠳᠡᠭᠰᠡᠨ ᠪᠠᠢᠷᠢ ᠲᠠᠢ ᠭᠡᠮᠰᠢᠩᠭᠦᠢ ᠰᠠᠭᠤᠨ᠎ᠠ᠃
ᠳᠣᠮᠣᠭ ᠪᠣᠯᠤᠨ ᠶᠠᠷᠢᠭᠳᠠᠬᠤ ᠪᠣᠯᠤᠭᠰᠠᠨ ᠥᠭᠡᠳᠡᠢ ᠬᠠᠭᠠᠨ ᠤ᠋ ᠰᠢᠨ᠎ᠡ ᠣᠷᠳᠣᠨ᠂ ᠡᠵᠡᠨᠲᠦ ᠭᠦᠷᠦᠨ ᠦ᠌ ᠨᠡᠢᠰᠯᠡᠯ ᠪᠣᠯᠤᠨ ᠰᠦᠨᠳᠡᠷᠯᠡᠵᠦ ᠪᠠᠢᠭ᠎ᠠ ᠬᠠᠷᠠᠬᠣᠷᠣᠮ ᠠᠯᠤᠰ ᠠ᠋ᠴᠠ ᠲᠣᠳᠣᠬᠠᠨ ᠬᠠᠷᠠᠭᠳᠠᠨ᠎ᠠ᠃ ᠲᠠᠯ᠎ᠠ ᠨᠤᠲᠤᠭ ᠲᠤ ᠤᠷᠢᠳ ᠡᠮᠦᠨ᠎ᠡ ᠬᠠᠷᠠᠭᠳᠠᠵᠤ ᠪᠠᠢᠭ᠎ᠠ ᠦᠭᠡᠢ ᠡᠨᠡ ᠬᠥᠯ ᠦ᠋ᠨ ᠭᠠᠵᠠᠷ ᠠᠮᠠ ᠳᠠᠮᠵᠢᠨ ᠶᠠᠷᠢᠭᠳᠠᠳᠠᠭ ᠭᠠᠢ ᠭᠠᠮᠰᠢᠭ ᠪᠦᠬᠦᠨ ᠪᠡᠶᠡᠯᠡᠯ ᠢ᠋ᠶ᠋ᠡᠨ ᠣᠯᠵᠠᠢ᠃ ᠳᠥᠷᠪᠡᠨ ᠵᠦᠭ ᠨᠠᠢ᠍ᠮᠠᠨ ᠵᠣᠪᠬᠢᠰ ᠠ᠋ᠴᠠ ᠢᠷᠡᠭᠰᠡᠨ ᠵᠢᠰᠦᠨ ᠵᠦᠢᠯ ᠦ᠋ᠨ ᠬᠥᠮᠦᠰ ᠬᠥᠯᠬᠢᠯᠴᠡᠭᠰᠡᠨ ᠬᠠᠷᠠᠬᠣᠷᠣᠮ ᠳ᠋ᠤ᠌ ᠳᠥᠷᠪᠡᠨ ᠲᠠᠯ᠎ᠠ ᠪᠠᠷ ᠢ᠋ᠶ᠋ᠠᠨ ᠤᠷᠲᠤ ᠬᠠᠨ᠎ᠠ ᠪᠤᠰᠬᠠᠨ ᠰᠦᠨᠳᠡᠷᠯᠡᠭᠦᠯᠦᠭᠰᠡᠨ ᠶᠡᠬᠡ ᠬᠣᠲᠠ ᠪᠠᠭᠤᠷᠢ ᠪᠠᠨ ᠵᠠᠰᠠᠵᠠᠢ᠃ ᠬᠠᠷᠠᠬᠣᠷᠣᠮ ᠤ᠋ᠨ ᠳᠥᠷᠪᠡᠨ ᠲᠠᠯ᠎ᠠ ᠶ᠋ᠢᠨ ᠬᠠᠭᠠᠯᠭᠠᠨ ᠳᠡᠭᠡᠷ᠎ᠡ ᠲᠡᠮᠡᠭᠡᠨ ᠵᠢᠩ ᠲᠡᠭᠡᠭᠡᠵᠦ ᠢᠷᠡᠭᠰᠡᠨ ᠬᠤᠳᠠᠯᠳᠤᠭᠠᠴᠢᠳ ᠠᠷᠠᠯᠵᠢᠶ᠎ᠠ ᠮᠠᠢᠮᠠᠢ ᠬᠢᠵᠦ᠂ ᠲᠣᠷᠭ᠎ᠠ ᠳᠤᠷᠳᠤᠩ᠂ ᠪᠥᠰ ᠪᠠᠷᠠᠭ᠎ᠠ᠂ ᠠᠯᠲᠠ ᠮᠥᠩᠭᠥ ᠮᠠᠢᠮᠠᠢᠯᠠᠵᠤ ᠪᠠᠢᠭ᠎ᠠ ᠨᠢ ᠨᠡᠩ ᠪᠠᠬᠠᠳᠤᠯ ᠲᠠᠢ᠃ ᠬᠠᠷᠠᠬᠤ ᠳ᠋ᠤ᠌ ᠨᠢᠳᠦ ᠤᠨᠠᠮᠠ ᠡᠨᠡ ᠭᠠᠵᠠᠷ ᠦᠨᠡᠬᠡᠷ ᠬᠥᠭᠵᠢᠯ ᠳᠠᠪᠰᠢᠯ ᠤ᠋ᠨ ᠪᠠᠶᠠᠨ ᠪᠦᠷᠢᠳᠦ ᠭᠡᠯᠲᠡᠢ᠂ ᠣᠢᠷᠠᠳᠬᠤ ᠲᠣᠰᠤᠮ ᠰᠦᠷ ᠪᠠᠷ᠎ᠠ ᠲᠠᠢ ᠬᠠᠷᠠᠭᠳᠠᠨ᠎ᠠ᠃
ᠴᠠᠭᠠᠨ ᠪᠥᠰ ᠢ᠋ᠶ᠋ᠡᠷ ᠪᠡᠶ᠎ᠡ ᠪᠡᠨ ᠣᠷᠢᠶᠠᠭᠰᠠᠨ ᠰᠢᠷᠦᠭᠦᠨ ᠬᠤᠷᠴᠠ ᠬᠠᠷᠠᠴᠠ ᠲᠠᠢ ᠰᠠᠷᠢᠨᠼᠢᠨ ᠳᠠᠢᠴᠢᠳ᠂ ᠣᠷᠣᠰ ᠤ᠋ᠨ ᠬᠠᠷ᠎ᠠ ᠯᠠᠮᠠᠳᠠᠨ ᠨᠤᠭᠤᠳ᠂ ᠺᠠᠲ᠋ᠣᠯᠢᠭ ᠱᠠᠰᠢᠨ ᠤ᠋ ᠬᠤᠸᠠᠷᠠᠭ ᠤ᠋ᠳ᠂ ᠬᠢᠲᠠᠳ ᠤ᠋ᠨ ᠪᠣᠮᠪᠣ ᠶ᠋ᠢᠨ ᠰᠤᠷᠭᠠᠯ ᠢ᠋ ᠳᠠᠭᠠᠭᠰᠠᠳ᠂ ᠪᠤᠷᠬᠠᠨ ᠤ᠋ ᠣᠯᠠᠨ ᠱᠠᠪᠢ ᠨᠠᠷ᠂ ᠡᠷᠢᠶᠡᠨ ᠮᠡᠷᠢᠶᠡᠨ ᠬᠤᠪᠴᠠᠰᠤ ᠲᠠᠢ ᠰᠠᠷᠲᠠᠭᠤᠯ ᠮᠠᠢᠮᠠᠢᠴᠢᠳ᠂ ᠹᠷᠠᠨᠼᠢ ᠶ᠋ᠢᠨ ᠪᠣᠯᠤᠨ ᠷᠤᠮᠠ ᠶ᠋ᠢᠨ ᠫᠠᠫ (ᠱᠠᠰᠢᠨ ᠤ᠋ ᠬᠠᠭᠠᠨ) ᠤ᠋ ᠡᠯᠴᠢ ᠨᠠᠷ᠂ ᠰᠠᠢᠳ ᠲᠦᠰᠢᠮᠡᠳ᠂ ᠰᠤᠯᠲᠠᠨ᠂ ᠡᠮᠢᠯ ᠦ᠋ᠳ ᠬᠥᠯᠬᠢᠯᠳᠦᠨᠡ᠃ ᠣᠷᠳᠣᠨ ᠤ᠋ ᠡᠷᠭᠢᠨ ᠲᠣᠭᠣᠷᠢᠨ ᠳ᠋ᠤ᠌ ᠰᠠᠷᠲᠠᠭᠤᠯ ᠬᠤᠳᠠᠯᠳᠤᠭᠠᠴᠢᠳ᠂ ᠳᠤᠮᠳᠠᠳᠤ ᠠᠽᠢᠶ᠎ᠠ ᠶ᠋ᠢᠨ ᠬᠢᠨ ᠦ᠌ ᠰᠠᠭᠤᠳᠠᠭ ᠨᠢᠭᠡ ᠬᠦᠷᠢᠶ᠎ᠡ᠂ ᠡᠮᠦᠨ᠎ᠡ ᠵᠦᠭ ᠦ᠋ᠨ ᠭᠠᠷ ᠤᠷᠠᠴᠤᠳ ᠤ᠋ᠨ ᠰᠠᠭᠤᠬᠤ ᠪᠠᠰᠠ ᠨᠢᠭᠡᠨ ᠬᠦᠷᠢᠶ᠎ᠡ᠂ ᠬᠠᠭᠠᠳ ᠨᠣᠶᠠᠳ ᠶᠡᠬᠡᠰ ᠳᠡᠭᠡᠳᠦᠰ ᠦ᠋ᠨ ᠣᠯᠠᠨ ᠲᠣᠮᠣ ᠥᠷᠭᠥᠭᠡ ᠨᠦ᠍ᠭᠦᠳ ᠰᠦᠨᠳᠡᠷᠯᠡᠨ ᠪᠣᠰᠴᠠᠢ᠃ ᠡᠨᠡ ᠪᠦᠬᠦ ᠪᠠᠢᠳᠠᠯ ᠢ᠋ ᠦᠵᠡᠪᠡᠰᠦ ᠲᠠᠯ᠎ᠠ ᠨᠤᠲᠤᠭ ᠲᠤ ᠭᠡᠨᠡᠳᠲᠡ ᠭᠠᠷᠴᠤ ᠢᠷᠡᠭᠰᠡᠨ ᠡᠨᠡ ᠡᠵᠡᠨᠲᠦ ᠤᠯᠤᠰ ᠤ᠋ᠨ ᠬᠠᠭᠠᠳ ᠨᠣᠶᠠᠳ ᠦᠨᠡᠬᠡᠷ ᠦ᠋ᠨ ᠶᠢᠷᠲᠢᠨᠴᠦ ᠶ᠋ᠢ ᠭᠡᠲᠦᠯᠦᠨ ᠳᠣᠭᠣᠯᠵᠠᠢ ᠭᠡᠳᠡᠭ ᠨᠢ ᠲᠦᠮᠡᠨ ᠦ᠌ ᠨᠢᠳᠦᠨ᠎ᠡ ᠬᠠᠷᠠᠭᠳᠠᠨ᠎ᠠ᠃ᠮᠣᠩᠭᠣᠯ ᠤ᠋ᠨ ᠬᠠᠭᠠᠳ ᠶᠡᠬᠡ ᠶ᠋ᠢ ᠦᠵᠡᠵᠦ᠂ᠤᠬᠠᠭᠠᠨ ᠪᠣᠳᠣᠯ ᠨᠢ ᠳᠡᠯᠡᠭᠰᠡᠨ᠂ ᠱᠠᠰᠢᠨ ᠢ᠋ ᠭᠦᠨ᠎ᠡ ᠬᠦᠨᠳᠦᠳᠬᠡᠨ ᠦᠵᠡᠵᠦ᠂ ᠤᠬᠠᠨ ᠲᠠᠨᠢᠵᠤ᠂ ᠠᠯᠢ ᠨᠢᠭᠡ ᠶ᠋ᠢ ᠢᠯᠡᠭᠦᠦ ᠳᠦ ᠦᠵᠡᠵᠦ ᠢᠪᠴᠤᠷᠠᠬᠤ ᠶ᠋ᠢᠨ ᠬᠢᠵᠠᠭᠠᠷ ᠠ᠋ᠴᠠ ᠬᠠᠯᠢᠭᠰᠠᠨ ᠬᠥᠮᠦᠰ ᠭᠡᠯᠲᠡᠢ᠃ ᠰᠤᠷᠬᠠᠭᠲᠠᠨᠢ ᠬᠥᠪᠡᠭᠦᠳ ᠦ᠋ᠨ ᠬᠠᠮᠲᠤ ᠪᠠᠷ ᠣᠷᠳᠣᠨ ᠤ᠋ ᠬᠠᠭᠠᠯᠭ᠎ᠠ ᠪᠠᠷ ᠣᠷᠣᠵᠤ ᠰᠠᠦᠭᠡᠨ ᠡᠴᠡ ᠪᠡᠨ ᠪᠠᠭᠤᠭᠰᠠᠨ ᠤ᠋ ᠬᠣᠢᠨ᠎ᠠ ᠰᠠᠶᠢ ᠲᠦᠮᠡᠨ ᠠᠮᠤᠭᠤᠯᠠᠩᠲᠤ ᠣᠷᠳᠣᠨ ᠤ᠋ ᠭᠠᠢᠬᠠᠮᠰᠢᠭᠲᠤ ᠤᠷᠠᠨ ᠬᠢᠴᠡ᠂ ᠥᠩᠭᠡ ᠪᠣᠳᠣᠭ᠂ ᠳᠦᠷᠢ ᠳᠦᠷᠰᠦᠯᠡᠯ ᠢ᠋ ᠬᠠᠷᠠᠵᠤ ᠪᠠᠬᠠᠷᠬᠠᠯ᠎ᠠ᠃ ᠶᠡᠬᠡ ᠠᠭᠤᠷᠠᠭ ᠤᠷᠢᠳ ᠡᠮᠦᠨ᠎ᠡ ᠪᠣᠯ ᠬᠥᠯ ᠬᠥᠳᠡᠯᠭᠡᠭᠡᠨ ᠶᠡᠬᠡ ᠪᠠᠢᠭᠰᠠᠨ ᠴᠤ᠌ ᠬᠠᠷᠠᠬᠣᠷᠣᠮ ᠤ᠋ᠨ ᠡᠨᠡ ᠶᠡᠬᠡ ᠬᠥᠮᠦᠨ ᠵᠤᠨ ᠢ᠋ ᠭᠦᠢᠴᠡᠵᠦ ᠪᠠᠢᠭᠰᠠᠨ ᠤᠳᠠᠭ᠎ᠠ ᠦᠭᠡᠢ᠃
ᠥᠭᠡᠳᠡᠢ ᠬᠠᠭᠠᠨ ᠤ᠋ ᠲᠤᠰᠬᠠᠢᠯᠠᠨ ᠪᠡᠯᠡᠳᠬᠡᠭᠦᠯᠦᠭᠰᠡᠨ ᠦᠷᠭᠦᠭᠡᠨ ᠳᠤ ᠰᠤᠷᠬᠠᠭᠲᠠᠨᠢ ᠬᠠᠲᠤᠨ ᠮᠣᠷᠢᠯᠠᠪᠠ᠃ᠳᠠᠷᠠᠭ᠎ᠠ ᠨᠢ ᠲᠡᠷᠡ ᠪᠡᠷ ᠬᠥᠪᠡᠭᠦᠳ ᠦ᠋ᠨ ᠢ᠋ᠶ᠋ᠡᠨ ᠬᠠᠮᠲᠤ ᠪᠠᠷ ᠬᠣᠲᠠ ᠶ᠋ᠢᠨ ᠪᠠᠢᠳᠠᠯ ᠢ᠋ ᠶᠠᠪᠤᠵᠤ ᠦᠵᠡᠨ᠂ ᠠᠯᠲᠠ ᠮᠥᠩᠭᠥ᠂ ᠬᠣᠷᠭᠣᠢ ᠲᠣᠷᠭ᠎ᠠ᠂ ᠣᠷᠳᠣᠨ ᠤ᠋ ᠲᠠᠩᠰᠤᠭ ᠠᠮᠢᠳᠤᠷᠠᠯ ᠳ᠋ᠤ᠌ ᠤᠮᠪᠠᠭᠰᠠᠨ ᠶᠡᠬᠡᠰ ᠳᠡᠭᠡᠳᠦᠰ ᠦ᠋ᠨ ᠠᠮᠢᠳᠤᠷᠠᠯ ᠲᠠᠢ ᠲᠠᠨᠢᠯᠴᠠᠭᠠᠳ ᠪᠤᠴᠠᠨ ᠢᠷᠡᠬᠦ ᠳᠦ ᠥᠭᠡᠳᠡᠢ ᠬᠠᠭᠠᠨ ᠣᠷᠳᠣᠨ ᠳ᠋ᠠᠭᠠᠨ ᠳᠠᠭᠤᠳᠠᠭᠤᠯᠤᠭᠰᠠᠨ ᠪᠠᠢᠯ᠎ᠠ᠃ ᠰᠤᠷᠬᠠᠭᠲᠠᠨᠢ ᠶᠡᠬᠡ ᠠᠭᠤᠷᠠᠭ ᠠ᠋ᠴᠠ ᠭᠠᠷᠬᠤ ᠳ᠋ᠠᠭᠠᠨ ᠤᠷᠢᠳᠴᠢᠯᠠᠨ ᠪᠡᠯᠡᠳᠬᠡᠭᠰᠡᠨ ᠦᠵᠡᠮᠵᠢᠲᠦ ᠰᠠᠢᠬᠠᠨ ᠬᠤᠪᠴᠠᠰᠤ ᠶ᠋ᠢ ᠡᠮᠦᠰᠦᠨ᠂ᠬᠥᠪᠡᠭᠦᠳ ᠢ᠋ᠶ᠋ᠡᠨ ᠮᠥᠨ ᠴᠦ᠍ ᠲᠡᠢᠮᠦ ᠬᠤᠪᠴᠠᠰᠤ ᠡᠮᠦᠰᠬᠡᠨ ᠬᠠᠭᠠᠨ ᠤ᠋ ᠥᠷᠭᠥᠭᠡ ᠶ᠋ᠢ ᠵᠣᠷᠢᠨ ᠬᠥᠳᠡᠯᠦᠯ᠎ᠡ᠃ ᠶᠡᠬᠡ ᠡᠵᠡᠨ ᠦ᠌ ᠳᠠᠷᠠᠭᠠᠬᠢ ᠲᠠᠯ᠎ᠠ ᠨᠤᠲᠤᠭ ᠤ᠋ᠨ ᠡᠵᠡᠨ ᠬᠠᠭᠠᠨ ᠨᠡᠭᠦᠳᠡᠯᠴᠢᠳ ᠦ᠋ᠨ ᠵᠠᠩᠰᠢᠯ ᠶᠣᠰᠣᠭᠠᠷ ᠣᠯᠠᠨ ᠬᠥᠯᠬᠢᠭᠰᠡᠨ ᠶᠡᠬᠡ ᠬᠣᠲᠠ ᠶ᠋ᠢᠨ ᠳᠤᠮᠳᠠ ᠪᠢᠰᠢ ᠬᠠᠷᠠᠬᠣᠷᠣᠮ ᠠ᠋ᠴᠠ ᠬᠣᠯᠠ ᠦᠭᠡᠢᠬᠡᠨ ᠪᠠᠢᠷᠢᠯᠠᠬᠤ ᠶᠠᠪᠤᠭᠤᠯ ᠤ᠋ᠨ ᠦᠷᠭᠦᠭᠡᠨ ᠳ᠋ᠡᠭᠡᠨ ᠰᠠᠭᠠᠲᠠᠭᠰᠠᠨ ᠪᠠᠢᠪᠠ᠃
ᠬᠠᠭᠠᠨ ᠤ᠋ ᠦᠷᠭᠦᠭᠡᠨ ᠦ᠌ ᠭᠣᠣᠯ ᠳ᠋ᠤ᠌ ᠥᠨᠳᠥᠷᠯᠡᠨ ᠵᠠᠰᠠᠭᠰᠠᠨ ᠰᠡᠨᠳᠡᠢ ᠳ᠋ᠦ᠍ ᠥᠭᠡᠳᠡᠢ ᠬᠠᠭᠠᠨ ᠵᠠᠯᠠᠷᠠᠨ ᠰᠠᠭᠤᠵᠠᠢ᠃ᠬᠠᠵᠠᠭᠤ ᠳ᠋ᠤᠨᠢ ᠳᠦᠷᠭᠡᠨ᠎ᠡ ᠬᠠᠲᠤᠨ᠂ ᠬᠦᠦ ᠭᠦᠶᠦᠭ ᠪᠣᠯᠤᠨ ᠬᠠᠭᠠᠨ ᠤ᠋ ᠰᠠᠢᠳ ᠲᠦᠰᠢᠮᠡᠳ ᠪᠠᠢᠯ᠎ᠠ᠃ ᠦᠷᠭᠦᠭᠡᠨ ᠳᠣᠲᠣᠷ᠎ᠠ ᠠᠢᠷᠠᠭ ᠴᠠᠭ᠎ᠠ ᠰᠦᠩᠨᠡᠭᠡᠰᠦ ᠲᠡᠢ ᠬᠠᠷᠠᠭᠳᠠᠨ᠎ᠠ᠃ᠥᠭᠡᠳᠡᠢ ᠬᠠᠭᠠᠨ ᠠᠯᠲᠠᠨ ᠠᠶᠠᠭ᠎ᠠ ᠲᠠᠢ ᠰᠠᠷᠬᠤᠳ ᠵᠣᠭᠣᠭᠯᠠᠵᠤ ᠪᠣᠢ ᠪᠣᠯᠤᠯᠲᠠᠢ᠂ ᠠᠶᠠᠭᠠᠨ ᠠ᠋ᠴᠠ ᠪᠠᠨ ᠨᠢᠭᠡ ᠲᠣᠮᠣ ᠪᠠᠯᠭᠤᠭᠠᠳ ᠲᠠᠮᠰᠢᠶᠠᠯᠠᠨ ᠡᠷᠡᠦ ᠶ᠋ᠢᠨ ᠢ᠋ᠶ᠋ᠡᠨ ᠰᠠᠬᠠᠯ ᠢ᠋ ᠳᠣᠷᠣᠭᠰᠢ ᠰᠢᠪᠲᠤᠷᠴᠤ ᠪᠣᠢ ᠶ᠋ᠢ ᠦᠵᠡᠪᠡᠯ ᠡᠮᠦᠨᠡᠲᠦ ᠭᠠᠵᠠᠷ ᠠ᠋ᠴᠠ ᠢᠷᠡᠭᠰᠡᠨ ᠬᠠᠲᠠᠭᠤ ᠰᠠᠷᠬᠤᠳ ᠪᠣᠯᠤᠯᠲᠠᠢ᠃ᠭᠠᠳᠠᠨ᠎ᠠ ᠠ᠋ᠴᠠ ᠬᠡᠦᠬᠡᠳ ᠦ᠋ᠳ ᠦ᠋ᠨ ᠬᠠᠮᠲᠤ ᠣᠷᠣᠵᠤ ᠢᠷᠡᠭᠰᠡᠨ ᠰᠤᠷᠬᠠᠭᠲᠠᠨᠢ ᠬᠠᠲᠤᠨ ᠢ᠋ ᠬᠠᠷᠠᠭᠠᠳ ᠥᠭᠡᠳᠡᠢ ᠬᠠᠭᠠᠨ ᠤ᠋ ᠴᠢᠷᠠᠢ ᠳ᠋ᠤ᠌ ᠲᠡᠷᠲᠡᠭᠡ ᠠᠯᠤᠰ ᠲᠤ ᠬᠣᠴᠣᠷᠤᠭᠰᠠᠨ ᠨᠢᠭᠡᠨ ᠶᠡᠬᠡ ᠭᠤᠨᠢᠭ ᠰᠡᠭᠦᠳᠡᠷᠲᠦᠨ ᠲᠣᠳᠣᠷᠠᠬᠤ ᠰᠢᠭ᠋ ᠪᠣᠯᠤᠭᠠᠳ ᠳᠣᠣᠷᠠᠬᠠᠨ ᠢ᠋ᠶ᠋ᠠᠨ ᠵᠠᠮᠬᠠᠷᠠᠬᠤ ᠨᠢ ᠠᠵᠢᠭᠯᠠᠭᠳᠠᠪᠠ᠃
— ᠰᠤᠷᠬᠠᠭᠲᠠᠨᠢ ᠪᠡᠬᠢ ᠰᠠᠢᠨ ᠶᠠᠪᠤᠵᠤ ᠢᠷᠡᠪᠡ ᠤᠤ? ᠳᠡᠭᠡᠭᠰᠢ ᠰᠠᠭᠤᠭᠲᠤᠨ ᠭᠡᠮᠡᠨ ᠥᠭᠡᠳᠡᠢ ᠬᠠᠭᠠᠨ ᠢ᠋ ᠬᠡᠯᠡᠬᠦ ᠳ᠋ᠦ᠍ ᠰᠤᠷᠬᠠᠭᠲᠠᠨᠢ ᠦᠷᠭᠦᠭᠡᠨ ᠦ᠌ ᠵᠡᠭᠦᠨ ᠲᠠᠯ᠎ᠠ ᠳ᠋ᠤ᠌ ᠣᠴᠢᠵᠤ ᠰᠠᠭᠤᠬᠤᠢ ᠳ᠋ᠤ᠌ ᠲᠡᠭᠦᠨ ᠦ᠌ ᠬᠥᠪᠡᠭᠦᠳ ᠪᠠᠷᠠᠭᠤᠨ ᠲᠠᠯ᠎ᠠ ᠪᠠᠷ ᠨᠢ ᠡᠩᠨᠡᠷᠡᠨ ᠰᠠᠭᠤᠯ᠎ᠠ᠃ ᠥᠭᠡᠳᠡᠢ ᠬᠠᠭᠠᠨ ᠰᠤᠷᠬᠠᠭᠲᠠᠨᠢ ᠶ᠋ᠢ ᠬᠡᠦᠬᠡᠳ ᠦ᠋ᠳ ᠲᠡᠢ ᠨᠢ ᠲᠣᠭᠣᠷᠢᠭᠤᠯᠤᠨ ᠬᠠᠷᠠᠵᠤ ᠲᠡᠳᠡᠨ ᠦ᠌ ᠪᠠᠢᠷᠢ ᠪᠠᠢᠳᠠᠯ᠂ ᠵᠢᠰᠦ ᠥᠩᠭᠡ ᠰᠠᠢᠬᠠᠨ ᠪᠠᠢᠭ᠎ᠠ ᠶ᠋ᠢ ᠦᠵᠡᠨ ᠰᠡᠳᠬᠢᠯ ᠲᠠᠢᠪᠤᠰᠢᠷᠠᠪᠠ ᠪᠣᠯᠤᠯᠲᠠᠢ᠃
— ᠲᠡᠢᠨ ᠰᠠᠮᠠᠭᠤᠨ ᠤ᠋ ᠬᠥᠯ ᠲᠠᠰᠤᠷᠠᠬᠤ ᠦᠭᠡᠢ ᠲᠤᠯᠠ ᠶᠡᠬᠡ ᠠᠭᠤᠷᠠᠭ ᠲᠤ ᠣᠴᠢᠵᠤ ᠰᠠᠭᠠᠲᠠᠭᠰᠠᠨ ᠦᠭᠡᠢ ᠤᠳᠠᠯ᠎ᠠ᠃ ᠰᠤᠷᠬᠠᠭᠲᠠᠨᠢ ᠪᠡᠬᠢ ᠬᠡᠦᠬᠡᠳ ᠦ᠋ᠳ ᠲᠡᠢ ᠪᠡᠨ ᠮᠡᠨᠳᠦ ᠰᠠᠢᠨ ᠪᠠᠢᠭ᠎ᠠ ᠶ᠋ᠢ ᠬᠠᠷᠠᠬᠤ ᠳ᠋ᠤ᠌ ᠬᠠᠭᠠᠨ ᠮᠢᠨᠦ ᠣᠯᠠᠨ ᠬᠣᠨᠣᠭ ᠰᠢᠷᠬᠠᠯᠠᠭᠰᠠᠨ ᠰᠡᠳᠬᠢᠯ ᠰᠠᠶᠢ ᠠᠭᠤᠵᠢᠷᠠᠬᠤ ᠰᠢᠭ᠋ ᠪᠣᠯᠤᠯ᠎ᠠ ᠭᠡᠪᠡ᠃ ᠰᠤᠷᠬᠠᠭᠲᠠᠨᠢ ᠬᠠᠭᠠᠨ ᠳ᠋ᠤ᠌ ᠬᠦᠨᠳᠦᠳᠬᠡᠯ ᠢᠯᠡᠷᠬᠡᠢᠯᠡᠭᠡᠳ᠂
— ᠮᠥᠩᠬᠡ ᠲᠩᠷᠢ ᠶ᠋ᠢᠨ ᠠᠪᠤᠷᠠᠯ ᠢ᠋ᠶ᠋ᠠᠷ ᠪᠢᠳᠡ ᠪᠦᠷ ᠰᠠᠢᠨ ᠪᠠᠢᠭ᠎ᠠ ᠭᠡᠪᠡ᠃
ᠥᠭᠡᠳᠡᠢ ᠬᠠᠭᠠᠨ ᠲᠡᠳᠡᠨ ᠦ᠌ ᠰᠠᠢᠨ ᠰᠠᠢᠬᠠᠨ ᠶᠠᠪᠤᠭ᠎ᠠ ᠶ᠋ᠢ ᠬᠠᠷᠠᠨ᠂ ᠰᠡᠳᠬᠢᠯ ᠨᠢ ᠠᠭᠤᠵᠢᠷᠠᠭᠰᠠᠨ ᠴᠤ ᠳᠣᠲᠣᠷ᠎ᠠ ᠨᠢ ᠨᠢᠭᠡᠨ ᠬᠥᠨᠳᠡᠭᠦᠷ ᠪᠠᠢᠭ᠎ᠠ ᠨᠢ ᠢᠯᠡᠳᠲᠡ᠃
— ᠴᠠᠭ ᠬᠤᠭᠤᠴᠠᠭ᠎ᠠ ᠥᠩᠭᠡᠷᠡᠬᠦ ᠲᠣᠰᠤᠮ ᠪᠡᠶ᠎ᠡ ᠶ᠋ᠢᠨ ᠰᠢᠷᠬ᠎ᠠ ᠠᠨᠠᠳᠠᠭ ᠠᠲᠠᠯ᠎ᠠ ᠰᠡᠳᠬᠢᠯ ᠦ᠋ᠨ ᠰᠢᠷᠬ᠎ᠠ ᠠᠨᠠᠬᠤ ᠦᠭᠡᠢ ᠤᠯᠠᠮ ᠯᠠᠪᠰᠢᠷᠠᠨ ᠪᠠᠢᠬᠤ ᠶᠤᠮ ᠭᠡᠳ ᠡᠮᠦᠨ᠎ᠡ ᠡᠴᠡ ᠪᠡᠨ ᠠᠯᠲᠠᠨ ᠠᠶᠠᠭ᠎ᠠ ᠲᠠᠢ ᠰᠠᠷᠬᠤᠳ ᠢ᠋ᠶ᠋ᠠᠨ ᠠᠪᠴᠤ ᠳᠠᠬᠢᠨ ᠨᠢᠭᠡ ᠪᠠᠯᠭᠤᠭᠠᠳ ᠰᠢᠷᠡᠭᠡᠨ ᠳᠡᠭᠡᠷ᠎ᠡ ᠪᠤᠴᠠᠭᠠᠵᠤ ᠲᠠᠯᠪᠢᠩᠭᠠᠨ᠂
— ᠬᠠᠷᠠᠬᠤ ᠨᠢᠳᠦᠨ ᠦ᠌ ᠴᠡᠴᠡᠭᠡᠢ ᠮᠡᠲᠦ ᠬᠠᠢᠷᠠᠯᠠᠨ ᠥᠰᠬᠡᠭᠰᠡᠨ ᠳᠡᠭᠦᠦ ᠶ᠋ᠢᠨ ᠢ᠋ᠶ᠋ᠡᠨ ᠬᠣᠢᠨ᠎ᠠ ᠠ᠋ᠴᠠ ᠭᠠᠰᠢᠭᠤᠳᠠᠬᠤ ᠮᠢᠨᠢ ᠳᠠᠩᠴᠤ ᠪᠡᠷᠬᠡ ᠶᠦᠮ᠃ ᠳᠡᠭᠦᠦ ᠮᠢᠨᠢ ᠲᠩᠷᠢ ᠪᠣᠯᠤᠨ ᠣᠳᠬᠤ ᠳ᠋ᠠᠭᠠᠨ ᠥᠨᠥᠴᠢᠨ ᠬᠣᠴᠣᠷᠤᠭᠰᠠᠨ ᠬᠡᠦᠬᠡᠳ ᠦ᠋ᠳ᠂ ᠪᠡᠯᠪᠡᠰᠦᠨ ᠦᠯᠡᠳᠡᠭᠰᠡᠨ ᠬᠠᠲᠤᠨ ᠢ᠋ᠶ᠋ᠠᠨ ᠬᠠᠢᠷᠠᠯᠠᠨ ᠬᠠᠮᠠᠭᠠᠯᠠᠵᠤ ᠶᠠᠪᠤᠬᠤ ᠶ᠋ᠢ ᠵᠠᠬᠢᠭᠰᠠᠨ ᠲᠤᠯᠠ ᠲᠠᠯ᠎ᠠ ᠨᠤᠲᠤᠭ ᠲᠤ ᠰᠠᠬᠢᠬᠤ ᠠᠰᠠᠷᠠᠬᠤᠢ ᠶ᠋ᠢᠨ ᠶᠣᠰᠣ ᠶ᠋ᠢ ᠰᠠᠨᠠᠵᠤ ᠨᠢᠭᠡᠨ ᠰᠢᠢᠳ ᠭᠠᠷᠭᠠᠯ᠎ᠠ ᠬᠡᠮᠡᠪᠡ᠃ ᠥᠭᠡᠳᠡᠢ ᠬᠠᠭᠠᠨ ᠤ᠋ ᠬᠡᠯᠡᠬᠦ ᠶ᠋ᠢ ᠰᠣᠨᠣᠰᠪᠠᠯ ᠥᠪᠡᠷ ᠦ᠋ᠨ ᠰᠢᠢᠳᠪᠦᠷᠢ ᠪᠡᠨ ᠬᠡᠳᠦᠢᠨ᠎ᠡ ᠭᠠᠷᠭᠠᠭᠰᠠᠨ ᠬᠥᠮᠦᠨ ᠦ᠌ ᠦᠭᠡ ᠪᠣᠯᠤᠯᠲᠠᠢ᠃ ᠴᠢᠮᠠᠶ᠋ᠢ ᠬᠥᠪᠡᠭᠦᠳ ᠲᠡᠢ ᠴᠢᠨᠢ ᠬᠠᠮᠲᠤ ᠥᠪᠡᠷ ᠦ᠋ᠨ ᠣᠢᠷ᠎ᠠ ᠪᠠᠢᠯᠭᠠᠵᠤ ᠬᠠᠷᠠᠵᠤ ᠬᠠᠨᠳᠤᠬᠤ ᠡᠭᠦᠷᠭᠡ ᠨᠠᠳᠠ ᠳ᠋ᠤ᠌ ᠪᠣᠢ ᠲᠤᠯᠠ ᠮᠢᠨᠦ ᠬᠦᠦ ᠬᠥᠶᠦᠭ ᠦ᠋ᠨ ᠬᠠᠲᠤᠨ ᠪᠣᠯᠵᠤ ᠰᠡᠳᠬᠢᠯ ᠲᠠᠢᠪᠤᠩ ᠰᠠᠭᠤ ᠭᠡᠮᠡᠨ ᠰᠤᠷᠬᠠᠭᠲᠠᠨᠢ ᠳ᠋ᠤ᠌ ᠬᠡᠯᠡᠭᠡᠳ ᠦᠷᠭᠦᠭᠡᠨ ᠦ᠌ ᠪᠠᠷᠠᠭᠤᠨ ᠲᠠᠯ᠎ᠠ ᠳ᠋ᠤ᠌ ᠰᠠᠭᠤᠵᠤ ᠪᠣᠢ ᠬᠥᠶᠦᠭ ᠢ᠋ ᠬᠠᠷᠠᠯ᠎ᠠ᠃
ᠬᠠᠭᠠᠨ ᠤ᠋ ᠡᠨᠡ ᠦᠭᠡ ᠶ᠋ᠢ ᠰᠣᠨᠣᠰᠤᠭᠰᠠᠨ ᠰᠤᠷᠬᠠᠭᠲᠠᠨᠢ ᠶ᠋ᠢᠨ ᠲᠣᠮᠣ ᠬᠦᠦ ᠮᠥᠩᠬᠡ᠂ ᠬᠠᠭᠠᠨ ᠡᠵᠡᠨ ᠦ᠌ ᠳᠣᠣᠷᠠᠬᠠᠨ ᠰᠠᠭᠤᠵᠤ ᠪᠣᠢ ᠬᠥᠶᠦᠭ ᠢ᠋ ᠬᠠᠷᠠᠯ᠎ᠠ᠃ ᠲᠡᠷᠡ ᠬᠣᠶᠠᠷ ᠤ᠋ᠨ ᠬᠠᠷᠠᠴᠠ ᠮᠥᠷᠭᠥᠯᠳᠦᠵᠡᠢ᠃ ᠮᠥᠩᠬᠡ《ᠡᠨᠡ ᠦᠨᠡᠨ ᠤᠤ》 ᠭᠡᠵᠦ ᠠᠰᠠᠭᠤᠨ ᠪᠠᠢᠬᠤ ᠰᠢᠭ᠋ ᠭᠦᠶᠦᠭ ᠢ᠋ ᠴᠣᠭᠣ ᠰᠢᠷᠳᠡᠨ᠎ᠡ᠃ ᠬᠥᠶᠦᠭ ᠪᠣᠯ ᠬᠠᠭᠠᠨ ᠤ᠋ ᠲᠣᠮᠣ ᠬᠦᠦ᠂ ᠡᠳᠦᠭᠡ ᠬᠣᠷᠢᠨ ᠬᠣᠶᠠᠷ ᠨᠠᠰᠤᠲᠠᠢ᠂ ᠢᠳᠡᠷ ᠵᠠᠯᠠᠭᠤ ᠶ᠋ᠢᠨ ᠴᠣᠭ ᠵᠢᠪᠬᠤᠭ᠎ᠠ ᠵᠢᠭᠰᠠᠭᠰᠠᠨ ᠰᠠᠢᠬᠠᠨ ᠡᠷ᠎ᠡ ᠪᠣᠯᠤᠭᠰᠠᠨ ᠪᠠᠢᠪᠠ᠃ ᠮᠥᠩᠬᠡ ᠭᠦᠶᠦᠭ ᠢ᠋ ᠠᠵᠢᠭᠯᠠᠨ ᠬᠠᠷᠠᠵᠤ ᠪᠠᠢᠭ᠎ᠠ ᠶ᠋ᠢ ᠰᠤᠷᠬᠠᠭᠲᠠᠨᠢ ᠠᠩᠵᠠᠭᠠᠷᠠᠪᠠ᠃ ᠬᠠᠭᠠᠨ ᠡᠵᠡᠨ ᠦ᠌ ᠠᠢᠯᠠᠳᠪᠤᠷᠢ ᠶ᠋ᠢ ᠳᠤᠭᠤᠯᠪᠠ ᠤᠤ᠂ ᠦᠭᠡᠢ ᠤᠤ᠂ ᠬᠣᠭᠣᠷᠣᠨᠳᠣ ᠪᠠᠨ ᠬᠣᠶᠠᠷᠬᠠᠨ ᠨᠠᠰᠤᠨ ᠤ᠋ ᠵᠥᠷᠢᠶ᠎ᠡ ᠲᠡᠢ ᠡᠨᠡ ᠬᠣᠶᠠᠷ ᠬᠥᠮᠦᠨ ᠡᠴᠢᠭᠡ ᠬᠦᠦ ᠪᠣᠯᠤᠨ ᠬᠤᠪᠢᠷᠠᠵᠤ ᠪᠠᠢᠭ᠎ᠠ ᠪᠠᠨ ᠮᠡᠳᠡᠪᠡ᠃ ᠥᠭᠡᠳᠡᠢ ᠬᠠᠭᠠᠨ ᠤ᠋ ᠡᠨᠡ ᠰᠢᠢᠳᠪᠦᠷᠢ ᠨᠢᠭᠡ ᠲᠠᠯ᠎ᠠ ᠪᠠᠷ ᠮᠥᠩᠬᠡ ᠳ᠋ᠦ᠍ ᠰᠠᠢᠨ ᠢ᠋ᠶ᠋ᠠᠷ ᠲᠣᠰᠴᠤ ᠪᠣᠯᠤᠨ᠎ᠠ᠃ ᠭᠦᠶᠦᠭ ᠡᠨᠡ ᠴᠠᠭ ᠠ᠋ᠴᠠ ᠬᠣᠢᠰᠢ ᠮᠥᠩᠬᠡ ᠶ᠋ᠢᠨ ᠣᠷᠣᠨ ᠳ᠋ᠤ᠌ ᠡᠵᠢ ᠶ᠋ᠢ ᠨᠢ ᠠᠰᠠᠷᠠᠨ ᠬᠠᠮᠠᠭᠠᠯᠠᠬᠤ ᠨᠢ᠃ ᠬᠠᠷᠢᠨ ᠨᠥᠭᠦᠭᠡ ᠲᠠᠯ᠎ᠠ ᠪᠠᠷ ᠲᠡᠷᠡ ᠨᠢᠭᠡᠨ ᠡᠳᠦᠷ ᠳᠠᠷᠠᠰᠤ ᠬᠦᠷᠲᠡᠨ ᠰᠠᠭᠤᠬᠤ ᠳ᠋ᠠᠭᠠᠨ ᠬᠡᠯᠡᠵᠦ ᠪᠠᠢᠭᠰᠠᠨ ᠥᠭᠡᠳᠡᠢ ᠬᠠᠭᠠᠨ ᠤ᠋《ᠮᠢᠨᠦ ᠠᠷᠤ ᠠ᠋ᠴᠠ ᠬᠠᠭᠠᠨ ᠣᠷᠣ ᠰᠠᠭᠤᠬᠤ ᠬᠥᠮᠦᠨ ᠪᠣᠯ ᠮᠢᠨᠦ ᠬᠦᠦ ᠬᠦᠴᠦ᠂ ᠲᠤᠯᠤᠢ ᠶ᠋ᠢᠨ ᠬᠦᠦ ᠮᠥᠩᠬᠡ ᠨᠠᠷ ᠶᠤᠮ》 ᠭᠡᠰᠡᠨ ᠦᠭᠡ ᠵᠠᠮᠬᠠᠷᠠᠨ ᠣᠳᠤᠨ᠎ᠠ᠃ ᠮᠥᠩᠬᠡ ᠭᠦᠶᠦᠭ ᠦ᠋ᠨ ᠳᠠᠭᠠᠪᠤᠷᠢ ᠬᠡᠦᠬᠡᠳ ᠪᠣᠯᠤᠭᠰᠠᠨ ᠢ᠋ᠶ᠋ᠠᠷ ᠲᠡᠭᠦᠨ ᠦ᠌ ᠢᠷᠡᠭᠡᠳᠦᠢ ᠪᠦᠬᠦᠯᠢ ᠳ᠋ᠡᠭᠡᠨ ᠨᠤᠷᠠᠨ ᠤᠨᠠᠬᠤ ᠪᠣᠯᠤᠨ᠎ᠠ᠃ ᠥᠪᠡᠷ ᠬᠣᠭᠣᠷᠣᠨᠳᠣ ᠪᠠᠨ ᠪᠡᠶᠡᠰ ᠢ᠋ᠶ᠋ᠡᠨ ᠰᠢᠷᠳᠡᠯᠴᠡᠨ ᠦᠭᠡ ᠬᠡᠯᠡᠬᠦ ᠦᠭᠡᠢ ᠴᠤ᠌ ᠬᠠᠷᠠᠴᠠ ᠪᠠᠷ ᠢ᠋ᠶ᠋ᠠᠨ ᠶᠠᠷᠢᠯᠴᠠᠵᠤ ᠪᠠᠢᠭ᠎ᠠ ᠡᠨᠡ ᠬᠥᠮᠦᠰ ᠦ᠋ᠨ ᠳᠤᠮᠳᠠ ᠰᠤᠷᠬᠠᠭᠲᠠᠨᠢ ᠥᠪᠡᠷ ᠦ᠋ᠨ ᠰᠢᠢᠳᠪᠦᠷᠢ ᠪᠡᠨ ᠭᠠᠷᠭᠠᠬᠤ ᠪᠣᠯᠵᠠᠢ᠃ ᠲᠡᠷᠡ ᠥᠭᠡᠳᠡᠢ ᠶ᠋ᠢᠨ ᠬᠦᠦ ᠭᠦᠶᠦᠭ ᠲᠡᠢ ᠬᠠᠨᠢᠯᠠᠨ ᠰᠠᠭᠤᠪᠠᠯ᠂ ᠲᠣᠮᠣ ᠬᠦᠦ ᠡᠴᠡ ᠨᠢ ᠬᠣᠶᠠᠷᠬᠠᠨ ᠨᠠᠰᠤ ᠪᠠᠷ ᠠᠬ᠎ᠠ ᠵᠠᠯᠠᠭᠤ ᠬᠥᠮᠦᠨ ᠲᠡᠢ ᠳᠡᠷᠡ ᠨᠢᠭᠡᠳᠬᠡᠨ᠂ ᠬᠠᠭᠠᠨ ᠤ᠋ ᠬᠡᠯᠡᠳᠡᠭ ᠢ᠋ᠶ᠋ᠡᠷ ᠠᠮᠤᠷ ᠵᠢᠮᠦᠷ ᠠᠮᠢᠳᠤᠷᠠᠵᠤ ᠪᠣᠯᠬᠤ ᠪᠠᠢᠯ᠎ᠠ᠃
ᠡᠵᠡᠨᠲᠦ ᠤᠯᠤᠰ ᠤ᠋ᠨ ᠥᠨᠴᠥᠭ ᠪᠤᠯᠤᠩ ᠪᠦᠷᠢ ᠡᠴᠡ ᠢᠷᠡᠭᠰᠡᠨ ᠲᠣᠷᠭ᠎ᠠ ᠳᠤᠷᠳᠤᠩ᠂ ᠠᠯᠲᠠ ᠡᠷᠳᠡᠨᠢᠰ ᠲᠦ᠍ ᠤᠮᠪᠠᠨ ᠱᠤᠮᠪᠠᠵᠤ ᠢᠳᠡᠷ ᠵᠠᠯᠠᠭᠤ ᠡᠷ᠎ᠡ ᠶ᠋ᠢᠨ ᠡᠪᠦᠷ ᠲᠦ᠍ ᠡᠮ᠎ᠡ ᠬᠥᠮᠦᠨ ᠦ᠌ ᠵᠢᠷᠭᠠᠯ ᠡᠳ᠋ᠯᠡᠨ ᠬᠡᠪᠲᠡᠬᠦ ᠬᠤᠪᠢ ᠵᠠᠶᠠᠭ᠎ᠠ ᠲᠡᠭᠦᠨ ᠢ᠋ ᠬᠦᠯᠢᠶᠡᠵᠦ ᠪᠠᠢᠭᠰᠠᠨ ᠬᠡᠷᠡᠭ᠃ ᠰᠤᠷᠬᠠᠭᠲᠠᠨᠢ ᠬᠥᠶᠦᠭ ᠲᠡᠢ ᠭᠡᠷᠯᠡᠭᠰᠡᠨ ᠢ᠋ᠶ᠋ᠡᠷ ᠮᠠᠭᠠᠳ ᠦᠭᠡᠢ ᠢᠷᠡᠭᠡᠳᠦᠢ ᠶ᠋ᠢᠨ ᠬᠠᠭᠠᠨ ᠤ᠋ ᠬᠠᠲᠤᠨ᠂ ᠶᠡᠬᠡ ᠮᠣᠩᠭᠣᠯ ᠤᠯᠤᠰ ᠤ᠋ᠨ ᠰᠦᠷ ᠬᠦᠴᠦᠨ ᠲᠡᠭᠦᠯᠳᠡᠷ ᠨᠢᠭᠡᠨ ᠪᠣᠯᠬᠤ ᠪᠣᠯᠤᠮᠵᠢ ᠪᠣᠢ᠃ ᠦᠷᠭᠦᠭᠡᠨ ᠳᠣᠲᠣᠷᠠᠬᠢ ᠬᠥᠮᠦᠰ ᠳᠣᠣᠷ᠎ᠠ ᠪᠦᠷᠢᠨ᠎ᠡ ᠰᠤᠷᠬᠠᠭᠲᠠᠨᠢ ᠶ᠋ᠢᠨ ᠠᠮᠠᠨ ᠠ᠋ᠴᠠ ᠶᠠᠭᠤ ᠭᠡᠰᠡᠨ ᠬᠠᠷᠢᠭᠤ ᠭᠠᠷᠬᠤ ᠶ᠋ᠢ ᠬᠦᠯᠢᠶᠡᠨ ᠪᠠᠢᠬᠤ ᠳ᠋ᠤ᠌ ᠥᠭᠡᠳᠡᠢ ᠬᠠᠭᠠᠨ ᠯᠠ ᠭᠠᠭᠴᠠᠭᠠᠷ ᠢ᠋ᠶ᠋ᠠᠨ ᠥᠪᠡᠷ ᠦ᠋ᠨ ᠰᠢᠢᠳᠪᠦᠷᠢ ᠶ᠋ᠢ ᠵᠠᠷᠯᠢᠭ ᠭᠡᠮᠡᠨ ᠦᠵᠡᠬᠦ ᠲᠤᠯᠠ᠂ ᠲᠡᠭᠦᠨ ᠦ᠌ ᠬᠠᠷᠢᠭᠤ ᠶ᠋ᠢ ᠬᠦᠯᠢᠶᠡᠭᠰᠡᠨ ᠰᠢᠨᠵᠢ ᠦᠭᠡᠢ ᠡᠮᠦᠨᠡᠬᠢ ᠰᠠᠷᠬᠤᠳ ᠢ᠋ᠶ᠋ᠠᠨ ᠰᠢᠮᠡᠨ ᠰᠠᠭᠤᠨ᠎ᠠ᠃ ᠰᠤᠷᠬᠠᠭᠲᠠᠨᠢ ᠶ᠋ᠢᠨ ᠬᠥᠪᠡᠭᠦᠳ ᠡᠬᠡ ᠶ᠋ᠢᠨ ᠢ᠋ᠶ᠋ᠡᠨ ᠠᠮᠠ ᠶ᠋ᠢ ᠲᠣᠰᠣᠨ ᠬᠦᠯᠢᠶᠡᠵᠦ ᠪᠠᠢᠭ᠎ᠠ ᠨᠢ ᠢᠯᠡᠳᠲᠡ᠃
ᠭᠦᠶᠦᠭ᠂ ᠮᠥᠩᠬᠡ ᠬᠣᠶᠠᠷ ᠤ᠋ᠨ ᠬᠠᠷᠠᠴᠠ ᠨᠢᠭᠡ ᠮᠥᠷᠭᠥᠯᠳᠦᠨ ᠨᠢᠭᠡ ᠰᠠᠯᠤᠨ ᠪᠠᠢᠯ᠎ᠠ᠃ ᠬᠤᠪᠢᠯᠠᠢ ᠡᠬᠡ ᠶ᠋ᠢ ᠪᠡᠨ ᠠᠵᠢᠭᠯᠠᠨ ᠬᠠᠷᠠᠨ᠎ᠠ᠃ ᠬᠠᠷᠢᠨ ᠬᠦᠯᠡᠬᠦ ᠬᠥᠶᠦᠭ ᠦ᠋ᠨ ᠴᠢᠷᠠᠢ ᠶ᠋ᠢ ᠨᠢᠭᠡ ᠬᠠᠷᠠᠨ᠂ ᠡᠬᠡ ᠶ᠋ᠢᠨ ᠢ᠋ᠶ᠋ᠡᠨ ᠴᠢᠷᠠᠢ ᠶ᠋ᠢ ᠨᠢᠭᠡ ᠬᠠᠷᠠᠨ ᠨᠢᠳᠦ ᠨᠢ ᠪᠦᠯᠲᠡᠭᠡᠨᠡᠨᠡ᠃ᠬᠡᠰᠡᠭ ᠬᠤᠭᠤᠴᠠᠭ᠎ᠠ ᠥᠩᠭᠡᠷᠡᠭᠰᠡᠨ ᠦ᠌ ᠳᠠᠷᠠᠭ᠎ᠠ ᠰᠤᠷᠬᠠᠭᠲᠠᠨᠢ ᠰᠠᠶᠢ ᠠᠮᠠ ᠨᠡᠭᠡᠭᠡᠯ᠎ᠡ᠃
—ᠬᠠᠭᠠᠨ ᠤ᠋ ᠬᠡᠰᠢᠭ ᠲᠦ᠍ ᠲᠠᠯᠠᠷᠬᠠᠯ᠎ᠠ᠃ ᠬᠠᠭᠠᠨ ᠡᠵᠡᠨ ᠦ᠌ ᠠᠪᠤᠷᠠᠯ ᠨᠡᠩ ᠶᠡᠬᠡ ᠪᠢᠯᠡ᠃ ᠰᠤᠷᠬᠠᠭᠲᠠᠨᠢ ᠦᠷᠭᠦᠯᠵᠢᠯᠡᠭᠡᠳ᠂ᠲᠠᠨ ᠤ᠋ ᠬᠦᠦ ᠭᠦᠶᠦᠭ ᠦ᠋ᠨ ᠬᠠᠲᠤᠨ ᠪᠣᠯᠤᠨ ᠰᠠᠭᠤᠬᠤ ᠨᠢ ᠡᠮ᠎ᠡ ᠬᠥᠮᠦᠨ ᠮᠢᠨᠦ ᠰᠡᠳᠬᠢᠯ ᠳ᠋ᠦ᠍ ᠲᠠᠭᠠᠲᠠᠢ ᠪᠠᠢᠬᠤ ᠨᠢ ᠣᠢᠯᠠᠭᠠᠮᠵᠢᠲᠠᠢ ᠭᠡᠪᠡ᠃ ᠡᠨᠡ ᠦᠭᠡ ᠶ᠋ᠢ ᠰᠣᠨᠣᠰᠤᠭᠠᠳ ᠬᠥᠮᠦᠰ ᠬᠠᠲᠤᠨ ᠢ᠋ ᠵᠥᠪᠰᠢᠶᠡᠷᠡᠭᠰᠡᠨ ᠬᠠᠷᠢᠭᠤ ᠥᠭᠭᠦᠯ᠎ᠡ ᠭᠡᠮᠡᠨ ᠪᠣᠳᠣᠪᠠ᠃ ᠰᠤᠷᠬᠠᠭᠲᠠᠨᠢ ᠦᠷᠭᠦᠯᠵᠢᠯᠡᠭᠡᠳ᠂
—ᠭᠡᠪᠡᠴᠦ ᠵᠣᠷᠢᠭ ᠭᠠᠷᠭᠠᠨ ᠬᠡᠯᠡᠬᠦ ᠨᠢᠭᠡᠨ ᠬᠦᠰᠡᠯᠲᠡ ᠪᠠᠢᠨ᠎ᠠ ᠭᠡᠪᠡ᠃ ᠥᠭᠡᠳᠡᠢ ᠬᠠᠭᠠᠨ ᠰᠢᠮᠡᠵᠦ ᠪᠠᠢᠭᠰᠠᠨ ᠰᠠᠷᠬᠤᠳ ᠢ᠋ᠶ᠋ᠠᠨ ᠰᠢᠷᠡᠭᠡᠨ ᠳᠡᠭᠡᠷ᠎ᠡ ᠲᠠᠯᠪᠢᠨ ᠰᠤᠷᠬᠠᠭᠲᠠᠨᠢ ᠶ᠋ᠢ ᠬᠠᠷᠠᠯ᠎ᠠ᠃ ᠲᠡᠷᠡ ᠥᠪᠡᠷ ᠦ᠋ᠨ ᠰᠢᠢᠳᠪᠦᠷᠢ ᠶ᠋ᠢ ᠪᠠᠲᠤᠲᠠᠢ ᠬᠡᠯᠡᠭᠰᠡᠨ ᠲᠤᠯᠠ ᠡᠨᠡ ᠦᠭᠡ ᠲᠡᠭᠦᠨ ᠦ᠌ ᠭᠠᠢᠬᠠᠰᠢᠷᠠᠯ ᠢ᠋ ᠲᠥᠷᠥᠭᠦᠯᠵᠡᠢ᠃
—ᠬᠠᠲᠤᠨ ᠪᠢ ᠡᠷ᠎ᠡ ᠨᠥᠬᠥᠷ ᠦ᠋ᠨ ᠢ᠋ᠶ᠋ᠡᠨ ᠠᠯᠲᠠᠨ ᠱᠠᠷᠢᠯ ᠤ᠋ᠨ ᠡᠮᠦᠨ᠎ᠡ ᠠᠮᠠᠯᠠᠵᠤ ᠪᠠᠢᠭᠰᠠᠨ ᠢ᠋ᠶ᠋ᠠᠨ ᠰᠠᠨᠠᠵᠤ ᠪᠠᠢᠨ᠎ᠠ᠃ ᠥᠨᠥᠴᠢᠷᠡᠵᠦ ᠬᠣᠴᠣᠷᠤᠭᠰᠠᠨ ᠬᠡᠦᠬᠡᠳ ᠦ᠋ᠳ ᠮᠢᠨᠢ ᠳᠡᠩᠳᠡᠭᠦᠦ ᠨᠢᠯᠬ᠎ᠠ ᠪᠠᠯᠴᠢᠷ ᠪᠠᠢᠭ᠎ᠠ ᠲᠤᠯᠠ ᠪᠢ ᠬᠡᠦᠬᠡᠳ ᠦ᠋ᠳ ᠢ᠋ᠶ᠋ᠡᠨ ᠥᠪᠡᠷ ᠦ᠋ᠨ ᠪᠡᠶ᠎ᠡ ᠪᠡᠷ ᠭᠠᠷ ᠢ᠋ ᠨᠢ ᠭᠠᠨᠵᠤᠭᠠᠨ ᠳ᠋ᠤ᠌᠂ ᠬᠥᠯ ᠢ᠋ ᠨᠢ ᠳᠥᠷᠦᠭᠡᠨ ᠳ᠋ᠦ᠍ ᠬᠦᠷᠲᠡᠯ᠎ᠡ ᠠᠰᠠᠷᠠᠨ ᠬᠠᠮᠠᠭᠠᠯᠠᠵᠤ᠂ᠥᠰᠬᠡᠨ ᠬᠥᠮᠦᠵᠢᠭᠦᠯᠬᠦ ᠲᠠᠩᠭᠠᠷᠢᠭ ᠡᠷᠭᠦᠭᠰᠡᠨ ᠪᠢᠯᠡ᠃ᠲᠡᠢᠮᠦ ᠡᠴᠡ ᠬᠦᠦ ᠲᠡᠢ ᠪᠡᠨ ᠭᠡᠷᠯᠡᠭᠦᠯᠬᠦ ᠰᠢᠢᠳᠪᠦᠷᠢ ᠪᠡᠨ ᠴᠤᠴᠠᠯᠵᠤ᠂ ᠶᠡᠬᠡ ᠠᠭᠤᠷᠠᠭ ᠲᠤ ᠮᠢᠨᠢ ᠪᠤᠴᠠᠭᠠᠨ ᠶᠠᠪᠤᠭᠤᠯᠤᠨ᠎ᠠ ᠤᠤ ᠭᠡᠮᠡᠨ ᠬᠡᠯᠡᠬᠦ ᠳ᠋ᠦ᠍ ᠥᠭᠡᠳᠡᠢ ᠬᠠᠭᠠᠨ ᠪᠣᠳᠣᠯ ᠪᠣᠯᠤᠨ ᠰᠠᠭᠤᠭᠰᠠᠨ ᠬᠠᠷᠠᠭᠳᠠᠨ᠎ᠠ᠃
—ᠬᠠᠭᠠᠨ ᠡᠵᠡᠨ ᠦ᠌ ᠰᠢᠢᠳᠪᠦᠷᠢ ᠶ᠋ᠢ ᠬᠡᠨ ᠴᠦ᠍ ᠵᠥᠷᠢᠴᠡᠬᠦ ᠶᠣᠰᠣᠨ ᠦᠭᠡᠢ᠃ᠪᠢ ᠥᠪᠡᠷ ᠦ᠋ᠨ ᠳᠡᠭᠦᠦ ᠲᠤᠯᠤᠢ ᠶ᠋ᠢᠨ ᠡᠮᠦᠨ᠎ᠡ ᠠᠮᠠᠯᠠᠭᠰᠠᠨ ᠠᠮᠠᠯᠠᠯᠲᠠ ᠪᠠᠨ ᠪᠡᠶᠡᠯᠡᠭᠦᠯᠬᠦ ᠶᠣᠰᠣᠲᠠᠢ ᠭᠡᠬᠦ ᠳᠦ ᠰᠤᠷᠬᠠᠭᠲᠠᠨᠢ᠂
—ᠳᠡᠭᠦᠦ ᠶ᠋ᠢᠨ ᠢ᠋ᠶ᠋ᠡᠨ ᠡᠮᠦᠨ᠎ᠡ ᠠᠮᠠᠯᠠᠭᠰᠠᠨ ᠠᠮᠠᠯᠠᠯᠲᠠ ᠲᠠᠨᠢ ᠥᠪᠡᠷ ᠦ᠋ᠨ ᠬᠦᠦ ᠲᠡᠢ ᠭᠡᠷᠯᠡᠭᠦᠯᠬᠦ ᠳᠦ ᠪᠠᠢᠭ᠎ᠠ ᠦᠭᠡᠢ ᠪᠢᠵᠡ ᠠ᠋᠃ᠬᠠᠭᠠᠨ ᠡᠵᠡᠨ ᠦ᠌ ᠪᠡᠶ᠎ᠡ ᠨᠢᠭᠡᠨᠲᠡ ᠢᠯᠠᠷᠢᠰᠢᠭᠰᠠᠨ ᠲᠤᠯᠠ ᠬᠠᠲᠤᠨ ᠮᠢᠨᠦ ᠰᠡᠳᠬᠢᠯ ᠴᠦ᠍ ᠪᠠᠶᠠᠷ ᠲᠠᠢ ᠪᠠᠢᠨ᠎ᠠ ᠭᠡᠯᠡ᠃
ᠡᠨᠡ ᠦᠭᠡ ᠶ᠋ᠢ ᠰᠣᠨᠣᠰᠤᠭᠰᠠᠨ ᠥᠭᠡᠳᠡᠢ ᠬᠠᠭᠠᠨ ᠰᠤᠷᠬᠠᠭᠲᠠᠨᠢ ᠶ᠋ᠢᠨ ᠰᠣᠴᠢᠰᠬᠢᠬᠰᠡᠨ ᠶᠠᠩᠵᠤ ᠲᠠᠢ ᠬᠠᠷᠠᠬᠤ ᠳ᠋ᠤ᠌ ᠠᠯᠲᠠᠨ ᠤᠯᠤᠰ ᠥᠭᠡᠳᠡ ᠡᠴᠡ ᠲᠤ ᠳᠠᠢᠳᠤᠵᠤ ᠶᠠᠪᠤᠬᠤ ᠳ᠋ᠠᠭᠠᠨ ᠠᠯᠵᠢᠶᠠᠭᠰᠠᠨ ᠳᠤᠷᠠᠰᠤᠮᠵᠢ ᠨᠢ ᠬᠠᠷᠪᠤᠨ ᠣᠷᠣᠵᠤ ᠢᠷᠡᠪᠡ᠃ ᠥᠪᠡᠷ ᠦ᠋ᠨ ᠡᠮᠦᠨ᠎ᠡ ᠡᠴᠡ ᠵᠣᠯᠢᠶ᠎ᠠ ᠪᠣᠯᠤᠭᠰᠠᠨ ᠳᠡᠭᠦᠦ ᠶ᠋ᠢᠨ ᠬᠢᠨᠢ ᠳᠦᠷᠢ ᠨᠢᠳᠦᠨ ᠦ᠌ ᠡᠮᠦᠨ᠎ᠡ ᠲᠣᠳᠣᠷᠠᠬᠤ ᠰᠢᠭ᠋ ᠪᠣᠯᠤᠯ᠎ᠠ᠃ ᠥᠭᠡᠳᠡᠢ ᠬᠠᠭᠠᠨ ᠰᠤᠷᠬᠠᠭᠲᠠᠨᠢ ᠶ᠋ᠢᠨ ᠦᠭᠡᠨ ᠳᠣᠲᠣᠷ᠎ᠠ ᠦᠭᠡ ᠳᠡᠭᠡᠬᠡᠨ ᠬᠡᠯᠡᠳᠡᠭ ᠤᠬᠠᠭᠠᠨ ᠢ᠋ ᠮᠡᠳᠡᠬᠦ ᠬᠥᠮᠦᠨ ᠦ᠌ ᠬᠤᠪᠢ ᠪᠠᠷ ᠶᠠᠮᠠᠷ ᠪᠣᠳᠣᠯ ᠲᠡᠭᠡᠭᠡᠨ ᠡᠨᠡ ᠦᠭᠡ ᠶ᠋ᠢ ᠬᠡᠯᠡᠵᠦ ᠪᠠᠢᠭ᠎ᠠ ᠶ᠋ᠢ ᠭᠠᠳᠠᠷᠯᠠᠵᠤ ᠪᠠᠢᠯ᠎ᠠ᠃
— ᠠᠵᠠ ᠵᠢᠷᠭᠠᠯ ᠠ᠋ᠴᠠ ᠲᠠᠲᠠᠭᠠᠯᠵᠠᠳᠠᠭ ᠦᠭᠡᠢ ᠶᠠᠮᠠᠷ ᠴᠤ ᠡᠮ᠎ᠡ ᠪᠠᠢᠳᠠᠭ ᠦᠭᠡᠢ ᠠᠲᠠᠯ᠎ᠠ ᠰᠤᠷᠬᠠᠭᠲᠠᠨᠢ ᠴᠢ ᠥᠪᠡᠷ ᠦ᠋ᠨ ᠪᠡᠶ᠎ᠡ ᠪᠡᠨ ᠤᠮᠠᠷᠲᠠᠨ ᠦᠷ᠎ᠡ ᠬᠡᠦᠬᠡᠳ ᠢ᠋ᠶ᠋ᠡᠨ ᠭᠡᠵᠦ ᠪᠠᠢᠭ᠎ᠠ ᠪᠣᠯ ᠪᠢ ᠶᠠᠭᠤ ᠶ᠋ᠢ ᠬᠡᠯᠡᠬᠦ ᠪᠣᠢ᠃ ᠴᠢᠨᠦᠬᠢ ᠪᠡᠷ ᠪᠣᠯᠤᠶ᠎ᠠ ᠭᠡᠪᠡ᠃
ᠦᠷᠭᠦᠭᠡᠨ ᠳᠣᠲᠣᠷ᠎ᠠ ᠪᠠᠢᠭᠰᠠᠨ ᠬᠥᠮᠦᠰ ᠬᠠᠭᠠᠨ ᠤ᠋ ᠡᠨᠡ ᠰᠢᠢᠳᠪᠦᠷᠢ ᠶ᠋ᠢ ᠰᠣᠨᠣᠰᠤᠨ᠂ ᠢᠯᠡᠳᠲᠡ ᠭᠠᠢᠬᠠᠭᠰᠠᠨ ᠶᠠᠩᠵᠤ ᠲᠠᠢ ᠬᠠᠷᠠᠵᠠᠭᠠᠨ ᠳᠡᠭᠡᠷ᠎ᠡ ᠬᠥᠬᠡᠷᠡᠬᠦ ᠶᠡᠬᠡ ᠲᠩᠷᠢ ᠶ᠋ᠢᠨ ᠳᠣᠣᠷ᠎ᠠ ᠭᠠᠭᠴᠠᠬᠠᠨ ᠬᠠᠭᠠᠨ ᠡᠵᠡᠨ ᠪᠠᠢᠵᠤ᠂ ᠠᠷᠠᠳ ᠣᠯᠠᠨ ᠢ᠋ ᠪᠦᠦ ᠬᠡᠯᠡ ᠠᠯᠲᠠᠨ ᠤᠷᠤᠭ ᠤ᠋ᠨ ᠬᠢᠨ ᠬᠦᠷᠲᠡᠯ᠎ᠡ ᠲᠡᠭᠦᠨ ᠦ᠌ ᠬᠡᠯᠡᠭᠰᠡᠨ ᠦᠭᠡᠨ ᠳ᠋ᠦ᠍ ᠦᠭᠡ ᠳᠠᠭᠤ ᠦᠭᠡᠢ ᠵᠠᠬᠢᠷᠤᠭᠳᠠᠬᠤ ᠬᠠᠤᠯᠢ ᠮᠣᠩᠭᠣᠯ ᠤ᠋ᠨ ᠲᠠᠯ᠎ᠠ ᠨᠤᠲᠤᠭ ᠲᠤ ᠦᠷᠭᠦᠯᠵᠢᠯᠡᠭᠰᠡᠭᠡᠷ ᠢᠷᠡᠭᠰᠡᠨ ᠴᠤ ᠡᠨᠡ ᠤᠳᠠᠭ᠎ᠠ ᠰᠣᠷᠬᠠᠭᠲᠠᠨᠢ ᠥᠪᠡᠷ ᠦ᠋ᠨ ᠰᠢᠢᠳᠪᠦᠷᠢ ᠪᠡᠨ ᠭᠠᠷᠭᠠᠵᠤ ᠬᠠᠭᠠᠨ ᠢ᠋ ᠵᠥᠪᠰᠢᠶᠡᠷᠡᠭᠦᠯᠦᠯᠡ᠃ ᠬᠠᠭᠠᠨ ᠤ᠋ ᠦᠷᠭᠦᠭᠡᠨ ᠳ᠋ᠦ᠍ ᠪᠣᠯᠤᠭᠰᠠᠨ ᠡᠨᠡ ᠶᠠᠷᠢᠶ᠎ᠠ ᠲᠤᠩ ᠤᠳᠠᠯ ᠦᠭᠡᠢ ᠠᠯᠲᠠᠨ ᠤᠷᠤᠭ ᠤ᠋ᠨ ᠬᠢᠨ ᠦ᠌ ᠳᠤᠮᠳᠠ ᠳᠠᠷᠬᠠᠨ᠂ ᠬᠡᠨ ᠪᠦᠬᠦᠨ ᠰᠤᠷᠬᠠᠭᠲᠠᠨᠢ ᠶ᠋ᠢ ᠪᠠᠬᠠᠳᠤᠨ ᠶᠠᠷᠢᠯᠴᠠᠬᠤ ᠶᠠᠷᠢᠶᠠᠨ ᠤ᠋ ᠨᠢᠭᠡᠨ ᠰᠡᠳᠦᠪ ᠪᠣᠯᠤᠭᠰᠠᠨ ᠪᠠᠢᠯ᠎ᠠ᠃ ᠲᠡᠭᠦᠨ ᠦ᠌ ᠬᠠᠭᠠᠨ ᠤ᠋ ᠬᠠᠢᠷ᠎ᠠ ᠬᠡᠰᠢᠭ ᠡᠴᠡ ᠲᠠᠲᠠᠭᠠᠯᠵᠠᠨ ᠥᠪᠡᠷ ᠦ᠋ᠨ ᠳᠤᠷ᠎ᠠ ᠪᠠᠷ ᠰᠢᠢᠳᠪᠦᠷᠢ ᠭᠠᠷᠭᠠᠨ ᠪᠠᠢᠭ᠎ᠠ ᠶ᠋ᠢ ᠵᠠᠷᠢᠮ ᠨᠢᠭᠡᠨ ᠬᠥᠮᠦᠰ ᠤᠷᠢᠳ ᠡᠮᠦᠨ᠎ᠡ ᠦᠵᠡᠭᠳᠡᠵᠦ ᠬᠠᠷᠠᠭᠳᠠᠵᠤ ᠪᠠᠢᠭ᠎ᠠ ᠦᠭᠡᠢ᠂ ᠠᠷᠠᠢ ᠳᠡᠩᠳᠡᠭᠦᠦ ᠬᠡᠷᠡᠭ ᠪᠣᠯᠤᠯ᠎ᠠ ᠭᠡᠮᠡᠨ ᠬᠠᠯᠬᠠᠯᠠᠨ ᠶᠠᠷᠢᠵᠤ ᠪᠠᠢᠬᠤ ᠳ᠋ᠤ᠌᠂ ᠵᠠᠷᠢᠮ ᠨᠢᠭᠡᠨ ᠬᠥᠮᠦᠰ ᠬᠠᠲᠤᠨ ᠢ᠋ ᠵᠥᠪ ᠭᠡᠮᠡᠨ ᠳᠡᠮᠵᠢᠵᠦ᠂ ᠬᠠᠭᠠᠨ ᠤ᠋ ᠦᠭᠡ ᠶ᠋ᠢ ᠰᠥᠷᠦᠨ ᠵᠣᠭᠰᠣᠵᠤ ᠴᠢᠳᠠᠭᠰᠠᠨ ᠪᠠᠭᠠᠲᠤᠷᠯᠢᠭ ᠵᠣᠷᠢᠭ ᠢ᠋ ᠨᠢ ᠦᠨᠡᠯᠡᠨ ᠪᠠᠢᠯ᠎ᠠ᠃ ᠬᠠᠷᠠᠬᠣᠷᠣᠮ ᠳ᠋ᠤ᠌ ᠤᠳᠠᠭᠠᠨ ᠰᠠᠭᠠᠲᠠᠬᠤ ᠬᠦᠰᠡᠯ ᠰᠤᠷᠬᠠᠭᠲᠠᠨᠢ ᠳ᠋ᠤ᠌ ᠪᠠᠢᠭ᠎ᠠ ᠦᠭᠡᠢ ᠴᠦ᠍ ᠬᠡᠳᠦᠨ ᠬᠣᠨᠣᠭ ᠤ᠋ᠨ ᠳᠠᠷᠠᠭ᠎ᠠ ᠪᠣᠯᠬᠤ ᠶᠡᠬᠡ ᠬᠤᠷᠠᠯᠳᠠᠢ ᠲᠡᠭᠦᠨ ᠳ᠋ᠦ᠍ ᠨᠤᠲᠤᠭ ᠤ᠋ᠨ ᠵᠦᠭ ᠵᠢᠯᠣᠭᠣ ᠵᠠᠯᠠᠬᠤ ᠪᠣᠯᠤᠮᠵᠢ ᠶ᠋ᠢ ᠥᠭᠭᠦᠭᠰᠡᠨ ᠦᠭᠡᠢ᠃
ᠰᠣᠷᠬᠠᠭᠲᠠᠨᠢ ᠬᠠᠷᠠᠬᠣᠷᠣᠮ ᠲᠠᠢ ᠲᠠᠨᠢᠯᠴᠠᠨ ᠭᠠᠵᠠᠷ ᠭᠠᠵᠠᠷ ᠤ᠋ᠨ ᠰᠣᠨᠢᠨ ᠰᠠᠢᠬᠠᠨ ᠢ᠋ ᠦᠵᠡᠨ ᠬᠠᠷᠠᠨ᠂ ᠤᠷᠠᠨ ᠳᠠᠷᠬᠠᠴᠤᠳ ᠤ᠋ᠨ ᠬᠢᠭᠰᠡᠨ ᠭᠠᠢᠬᠠᠮᠰᠢᠭᠲᠤ ᠪᠦᠲᠦᠭᠡᠯ ᠦ᠋ᠳ ᠢ᠋ ᠪᠠᠬᠠᠳᠤᠨ᠂ ᠣᠯᠠᠨ ᠲᠥᠷᠥᠯ ᠦ᠋ᠨ ᠱᠠᠰᠢᠨ ᠰᠢᠲᠦᠯᠭᠡ ᠦᠵᠡᠯ ᠪᠣᠳᠣᠯ ᠲᠠᠢ ᠬᠥᠮᠦᠰ ᠲᠡᠢ ᠪᠡᠶᠡᠴᠢᠯᠡᠨ ᠠᠭᠤᠯᠵᠠᠵᠤ᠂ ᠲᠡᠳᠡᠨ ᠦ᠌ ᠡᠬᠡ ᠣᠷᠣᠨ᠂ ᠲᠡᠦᠬᠡ ᠰᠣᠶᠣᠯ᠂ ᠰᠦᠰᠦᠭ ᠪᠢᠰᠢᠷᠡᠯ ᠦ᠋ᠨ ᠲᠠᠯ᠎ᠠ ᠪᠠᠷ ᠶᠠᠷᠢᠯᠴᠠᠨ ᠶᠠᠪᠤᠬᠤ ᠶ᠋ᠢ ᠬᠠᠷᠠᠭᠰᠠᠨ ᠬᠥᠮᠦᠰ ᠡᠨᠡ ᠬᠠᠲᠤᠨ ᠬᠡᠷᠬᠢᠨ ᠡᠶ᠋ᠢᠮᠦ ᠵᠦᠢᠯ ᠊ᠢ ᠮᠡᠳᠡᠳᠡᠭ ᠪᠣᠯᠤᠭᠰᠠᠨ ᠊ᠢ ᠭᠠᠶ᠋ᠢᠬᠠᠨ ᠱᠠᠭᠰᠢᠷᠠᠵᠤ᠂ ᠲᠡᠭᠦᠨ ᠦ ᠭᠦᠨ ᠭᠦᠨᠵᠡᠭᠡᠢ ᠮᠡᠳᠡᠯᠭᠡ ᠤᠬᠠᠭᠠᠨ ᠊ᠢ ᠪᠠᠬᠠᠳᠤᠨ᠎ᠠ᠃
ᠲᠠᠯ᠎ᠠ ᠨᠤᠲᠤᠭ ᠦ᠋ᠨ ᠨᠡᠭᠦᠳᠡᠯᠴᠢᠨ ᠦ ᠠᠮᠢᠳᠤᠷᠠᠯ ᠪᠤᠰᠤ᠂ ᠬᠠᠨ᠎ᠠ ᠬᠡᠷᠡᠮ ᠦ᠋ᠨ ᠳᠤᠮᠳᠠ ᠤᠳᠠᠭᠠᠨ ᠰᠠᠭᠤᠬᠤ ᠨᠢ ᠶᠡᠬᠡᠰ ᠳᠡᠭᠡᠳᠦᠰ ᠦ᠋ᠨ ᠶᠠᠩᠪᠠ ᠡᠳ᠋ᠯᠡᠭᠰᠡᠨ ᠬᠡᠷᠡᠭ ᠠᠪᠠᠴᠤ ᠰᠡᠳᠬᠢᠯ ᠰᠠᠨᠠᠭ᠎ᠠ᠂ ᠣᠶᠤᠨ ᠪᠣᠳᠣᠯ ᠬᠦᠷᠲᠡᠯ᠎ᠡ ᠡᠷᠬᠡ ᠴᠢᠯᠥᠭᠡ ᠦᠭᠡᠢ ᠬᠠᠰᠢᠬᠳᠠᠵᠤ ᠪᠠᠶ᠋ᠢᠭ᠎ᠠ ᠮᠡᠲᠦ ᠪᠣᠯᠵᠤ ᠳᠣᠲᠣᠷ᠎ᠠ ᠳᠠᠪᠴᠢᠳᠠᠭᠤᠯᠤᠨᠠ᠃ ᠰᠤᠷᠠᠬᠠᠨᠲᠠᠨᠢ ᠬᠣᠲᠠ ᠶ᠋ᠢᠨ ᠬᠠᠭᠠᠯᠭ᠎ᠠ ᠪᠠᠷ ᠭᠠᠷᠴᠤ ᠠᠭᠠᠷ ᠠᠮᠢᠰᠬᠤᠯᠯᠠᠨ ᠶᠠᠪᠤᠬᠤ ᠦᠶ᠎ᠡ ᠳᠦ ᠪᠠᠷᠠᠭᠤᠨ ᠬᠠᠭᠠᠯᠭᠠᠨ ᠤ ᠳᠡᠷᠭᠡᠳᠡ ᠤᠷᠠᠭᠳᠠᠵᠤ ᠨᠣᠣᠷᠠᠭᠰᠠᠨ ᠬᠤᠪᠴᠠᠰᠤ ᠲᠠᠢ᠂ ᠦᠰᠦ ᠭᠡᠵᠢᠭᠡ ᠨᠢ ᠰᠡᠭᠰᠡᠶ᠋ᠢᠵᠦ᠂ ᠨᠢᠭᠤᠷ ᠴᠢᠷᠠᠢ ᠨᠢ ᠭ᠌ᠬᠢᠷ ᠲᠡᠭᠡᠨ ᠲᠠᠭᠳᠠᠷᠳᠤᠭᠰᠠᠨ ᠡᠮᠡᠭᠡᠨ ᠥᠭᠯᠢᠭᠡ ᠭᠣᠷᠢᠯᠠᠨ᠂ ᠭᠠᠷ ᠲᠠᠭᠠᠨ ᠲᠠᠭᠱᠠ ᠪᠠᠷᠢᠨ ᠵᠣᠭᠰᠣᠵᠤ ᠪᠠᠶ᠋ᠢᠬᠤ ᠲᠠᠢ ᠳᠠᠭᠠᠷᠢᠯᠳᠤᠪᠠ᠃ ᠰᠤᠷᠠᠬᠠᠨᠲᠠᠨᠢ ᠬᠠᠲᠤᠨ ᠥᠪᠡᠷ ᠦ᠋ᠨ ᠵᠠᠷᠤᠴᠠ ᠨᠠᠷ ᠲᠠᠭᠠᠨ ᠬᠠᠨᠳᠤᠨ ᠡᠮᠡᠭᠡᠨ ᠳᠦ ᠥᠭᠯᠢᠭᠡ ᠥᠭᠬᠦ ᠶ᠋ᠢ ᠲᠤᠰᠢᠶᠠᠭᠰᠠᠨ ᠳᠤ ᠲᠡᠷᠡ ᠡᠮᠡᠭᠡᠨ ᠦ ᠭᠠᠷ ᠳᠡᠭᠡᠷ᠎ᠡ ᠵᠢᠵᠢᠭᠬᠡᠨ ᠤᠭᠤᠲᠠ ᠲᠠᠢ ᠵᠦᠢᠯ ᠊ᠢ ᠲᠠᠯᠪᠢᠯ᠎ᠠ᠃ ᠡᠮᠡᠭᠡᠨ ᠳᠣᠷᠣᠭᠰᠢ ᠰᠦᠬᠦᠷᠡᠨ᠂
— ᠬᠠᠲᠤᠨ ᠤ ᠬᠡᠰᠢᠭ ᠲᠤ ᠲᠠᠯᠠᠷᠬᠠᠶ᠎ᠠ ᠭᠡᠵᠦ ᠬᠡᠯᠡᠬᠦ ᠳᠤ ᠭᠠᠳᠠᠭ᠎ᠠ ᠬᠠᠭᠠᠯᠭᠠᠨ ᠳᠡᠭᠡᠷ᠎ᠡ ᠪᠠᠶ᠋ᠢᠬᠰᠠᠨ ᠭᠤᠶᠤᠯᠭᠠᠴᠢᠨ ᠣᠯᠠᠨ ᠬᠠᠲᠤᠨ ᠊ᠢ ᠪᠦᠴᠢᠨ ᠠᠪᠬᠤ ᠶ᠋ᠢ ᠬᠠᠷᠠᠭᠰᠠᠨ ᠬᠠᠷᠠᠭᠤᠯ ᠦ᠋ᠳ ᠲᠡᠳᠡᠨ ᠊ᠢ ᠵᠠᠩᠳᠤᠴᠢᠨ ᠬᠣᠯᠠᠳᠠᠭᠤᠯᠤᠯᠠ᠃ ᠰᠤᠷᠠᠬᠠᠨᠲᠠᠨᠢ ᠭᠠᠷ ᠶ᠋ᠢᠠᠷ ᠶ᠋ᠢᠠᠨ ᠳᠣᠬᠢᠨ᠂
— ᠡᠨᠡ ᠬᠥᠮᠦᠰ ᠲᠤ ᠥᠭᠯᠢᠭᠡ ᠲᠠᠷᠬᠠᠭᠠᠨ ᠥᠭ ᠬᠡᠮᠡᠨ ᠵᠠᠷᠤᠴᠠ ᠨᠠᠷ ᠲᠠᠭᠠᠨ ᠲᠤᠰᠢᠶᠠᠭᠠᠳ᠂ ᠬᠠᠷᠠᠭᠤᠯ ᠦ᠋ᠳ ᠊ᠢ ᠶᠠᠳᠠᠭᠤᠰ ᠲᠠᠢ ᠵᠠᠩᠳᠤᠴᠢᠨ ᠬᠠᠷᠢᠴᠠᠬᠤ ᠦᠭᠡᠢ ᠪᠠᠶ᠋ᠢᠬᠤ ᠶ᠋ᠢ ᠰᠠᠨᠠᠭᠤᠯᠵᠤ ᠴᠠᠭᠠᠰᠢ ᠶᠠᠪᠤᠯ᠎ᠠ᠃ ᠡᠨᠡ ᠡᠳᠦᠷ ᠡᠴᠡ ᠬᠣᠶ᠋ᠢᠰᠢ ᠰᠤᠷᠠᠬᠠᠨᠲᠠᠨᠢ ᠬᠠᠷᠠᠬᠣᠷᠣᠮ ᠳᠤ ᠪᠠᠶ᠋ᠢᠬᠤ ᠳ᠋ᠠᠭᠠᠨ ᠡᠳᠦᠷ ᠪᠦᠷᠢ ᠬᠠᠭᠠᠯᠭᠠᠨ ᠤ ᠭᠠᠳᠠᠨᠠᠬᠢ ᠶᠠᠳᠠᠭᠤᠰ ᠲᠤ ᠥᠭᠯᠢᠭᠡ ᠬᠡᠰᠢᠭ ᠥᠭᠭᠦᠭᠦᠯᠦᠭᠰᠡᠭᠡᠷ ᠪᠠᠶ᠋ᠢᠪᠠ᠃
ᠬᠡᠳᠦᠨ ᠬᠣᠨᠣᠭ ᠦ᠋ᠨ ᠡᠮᠦᠨ᠎ᠡ ᠡᠴᠡ ᠬᠥᠯ ᠬᠥᠳᠡᠯᠭᠡᠭᠡᠨ ᠪᠣᠯᠵᠤ᠂ ᠪᠦᠲᠦᠨ ᠰᠠᠷ᠎ᠠ ᠦᠷᠭᠦᠯᠵᠢᠯᠡᠭᠰᠡᠨ ᠶᠡᠬᠡ ᠠᠵᠢᠯ ᠦᠨᠳᠦᠰᠦᠨ ᠳ᠋ᠡᠭᠡᠨ ᠳᠠᠭᠤᠰᠴᠤ ᠬᠠᠷᠠᠬᠣᠷᠣᠮ ᠠ᠋ᠴᠠ ᠪᠠᠷᠠᠭᠤᠨ ᠲᠡᠶ᠋ᠢᠰᠢ ᠨᠢᠭᠡ ᠡᠳᠦᠷ ᠦ᠋ᠨ ᠵᠠᠢ ᠳᠤ ᠶᠡᠬᠡ ᠬᠤᠷᠠᠯᠳᠠᠢ ᠴᠢᠭᠤᠯᠬᠤ ᠢᠰᠡᠭᠡᠢ ᠴᠠᠭᠠᠨ ᠭᠡᠷ ᠦ᠋ᠳ ᠬᠦᠷᠢᠶ᠎ᠡ ᠡᠭᠦᠰᠬᠡᠨ ᠪᠠᠭᠤᠵᠤ᠂ ᠲᠡᠨᠳᠡ ᠡᠴᠡ ᠬᠣᠯᠠ ᠦᠭᠡᠶ᠋ᠢᠬᠡᠨ ᠣᠯᠠᠨ ᠭᠡᠷ᠂ ᠬᠥᠮᠦᠨ ᠮᠠᠯ ᠦᠵᠡᠭᠳᠡᠬᠦ ᠨᠢ ᠤᠳᠠᠬᠤ ᠦᠭᠡᠢ ᠪᠣᠯᠬᠤ ᠶᠡᠬᠡ ᠬᠤᠷᠠᠯᠳᠠᠢ ᠳᠤ ᠪᠡᠯᠡᠳᠬᠡᠨ ᠵᠣᠭᠣᠭ ᠪᠠᠷᠢᠬᠤ᠂ ᠢᠳᠡᠭᠡ ᠰᠢᠭᠦᠰᠦ᠂ ᠠᠶ᠋ᠢᠷᠠᠭ ᠴᠠᠭ᠎ᠠ ᠵᠡᠭᠡᠨ ᠬᠥᠯ ᠬᠥᠳᠡᠯᠭᠡᠭᠡᠨ ᠶᠡᠬᠡᠲᠡᠢ ᠪᠠᠶ᠋ᠢᠭ᠎ᠠ ᠶ᠋ᠢ ᠢᠯᠡᠳᠬᠡᠨ᠎ᠡ᠃ ᠴᠠᠭᠠᠨ ᠠᠰᠠᠷ ᠦ᠋ᠳ ᠦ᠋ᠨ ᠭᠠᠳᠠᠨ᠎ᠠ ᠣᠯᠠᠨ ᠥᠩᠭᠡ ᠶ᠋ᠢᠨ ᠲᠣᠷᠭ᠎ᠠ ᠳᠤᠷᠳᠤᠩ ᠶ᠋ᠢᠠᠷ ᠬᠢᠭᠰᠡᠨ ᠬᠤᠪᠴᠠᠰᠤ ᠲᠠᠢ ᠶᠡᠬᠡᠰ ᠳᠡᠭᠡᠳᠦᠰ᠂ ᠭᠠᠳᠠᠨ᠎ᠠ ᠳᠣᠲᠣᠨ᠎ᠠ ᠶ᠋ᠢᠨ ᠭᠡᠶ᠋ᠢᠴᠢᠳ᠂ ᠬᠤᠷᠠᠯᠲᠠᠢ ᠳᠤ ᠤᠷᠢᠯᠭ᠎ᠠ ᠪᠠᠷ ᠢᠷᠡᠭᠰᠡᠨ ᠡᠯᠴᠢ ᠲᠥᠯᠥᠭᠡᠯᠡᠭᠴᠢᠳ ᠬᠦᠯᠭᠢᠬᠦ ᠨᠢ ᠬᠠᠷᠠᠬᠣᠷᠣᠮ ᠦ᠋ᠨ ᠰᠠᠭᠤᠷᠢ ᠶ᠋ᠢ ᠲᠠᠯᠪᠢᠭᠠᠳ ᠠᠩᠬ᠎ᠠ ᠬᠤᠷᠠᠯᠳᠤᠬᠤ ᠭᠡᠵᠦ ᠪᠠᠶ᠋ᠢᠭ᠎ᠠ ᠶᠡᠬᠡ ᠬᠤᠷᠠᠯᠲᠠᠢ ᠤᠷᠢᠳᠤ ᠤᠷᠢᠳᠤ ᠶ᠋ᠢᠨ ᠬᠢ ᠡᠴᠡ ᠢᠯᠡᠭᠦᠦ ᠣᠯᠠᠨ ᠬᠥᠮᠦᠨ ᠲᠡᠢ᠂ ᠰᠦᠷ ᠳᠤᠤᠯᠢᠶᠠᠨ ᠲᠠᠢ ᠪᠣᠯᠬᠤ ᠭᠡᠵᠦ ᠪᠤᠢ ᠨᠢ ᠢᠯᠠᠤᠡᠳᠠ ᠪᠠᠶ᠋ᠢᠯ᠎ᠠ᠃ ᠢᠰᠡᠭᠡᠢ ᠭᠡᠷ ᠦ᠋ᠳ ᠦ᠋ᠨ ᠳᠤᠮᠳᠠᠭᠤᠷ ᠵᠢᠷᠢᠢᠯᠭᠡᠨ ᠲᠠᠲᠠᠭᠰᠠᠨ ᠴᠠᠭᠠᠨ ᠢᠰᠡᠭᠡᠢ ᠰᠢᠷᠢᠳᠡᠭ ᠦ᠋ᠨ ᠳᠡᠭᠡᠭᠦᠷ ᠶᠡᠬᠡᠰ ᠳᠡᠭᠡᠳᠦᠰ ᠦ᠋ᠨ ᠭᠤᠲᠤᠯ ᠦ᠋ᠨ ᠶ᠋ᠢᠡᠨ ᠬᠣᠩᠰᠢᠶᠠᠷ ᠊ᠢ ᠳᠡᠭᠡᠭᠰᠢ ᠪᠡᠨ ᠡᠷᠭᠦᠨ ᠠᠯᠬᠤᠵᠤ᠂ ᠬᠠᠵᠠᠭᠤ ᠪᠠᠷ ᠵᠥᠷᠢᠬᠦ ᠵᠠᠷᠢᠮ ᠨᠢᠭᠡᠨ ᠲᠡᠢ ᠲᠣᠯᠣᠭᠠᠢ ᠳᠣᠬᠢᠨ ᠮᠡᠨᠳᠦᠯᠡᠵᠦ ᠦᠵᠡᠭᠳᠡᠨ᠎ᠡ᠃ ᠢᠰᠡᠭᠡᠢ ᠴᠠᠭᠠᠨ ᠭᠡᠷ ᠦ᠋ᠳ ᠦ᠋ᠨ ᠭᠣᠣᠯ ᠳᠤ ᠪᠠᠷᠢᠬᠰᠠᠨ ᠲᠣᠮᠣ ᠠᠰᠠᠷ ᠲᠤ ᠣᠯᠠᠨ ᠵᠠᠭᠤᠨ ᠬᠥᠮᠦᠨ ᠴᠢᠯᠥᠭᠡ ᠲᠡᠢ ᠪᠠᠭᠲᠠᠬᠤ ᠠᠭᠤᠵᠢᠭᠤ ᠲᠣᠮᠣ᠂ ᠴᠡᠯᠡᠭᠡᠷ ᠰᠠᠶ᠋ᠢᠬᠠᠨ ᠠᠭᠠᠳ ᠠᠰᠠᠷ ᠦ᠋ᠨ ᠭᠣᠣᠯ ᠳᠤ ᠬᠠᠭᠠᠨ ᠬᠠᠲᠤᠳ ᠦ᠋ᠨ ᠥᠡᠳᠦᠷ ᠰᠠᠡᠳᠠᠢ ᠠᠯᠲᠠᠨ ᠰᠢᠷᠭᠠᠯ ᠥᠩᠭᠡ ᠪᠡᠨ ᠲᠤᠨᠤᠷᠠᠭᠤᠯᠤᠨ ᠰᠦᠷ ᠲᠡᠢ ᠦᠵᠡᠭᠳᠡᠵᠦ᠂ ᠬᠠᠵᠠᠭᠤ ᠶ᠋ᠢᠨ ᠰᠠᠭᠤᠳᠠᠯ ᠦ᠋ᠳ ᠊ᠢ ᠠᠯᠲᠠᠨ ᠤᠷᠤᠭ ᠦ᠋ᠨ ᠬᠢᠨ ᠳᠤ ᠵᠣᠷᠢᠭᠤᠯᠤᠨ ᠪᠡᠯᠡᠳᠴᠡᠢ᠃ ᠠᠷᠤ ᠪᠠᠷ ᠨᠢ ᠡᠩᠨᠡᠭᠰᠡᠨ ᠤᠷᠲᠤ ᠤᠷᠲᠤ ᠲᠠᠪᠴᠠᠩ ᠦ᠋ᠳ ᠊ᠢ ᠭᠠᠳᠠᠨ᠎ᠠ ᠳᠣᠲᠣᠨ᠎ᠠ ᠶ᠋ᠢᠨ ᠡᠯᠴᠢ ᠲᠥᠯᠥᠭᠡᠯᠡᠭᠴᠢᠳ ᠲᠤ ᠬᠤᠷᠠᠯᠲᠠᠢ ᠶ᠋ᠢᠨ ᠵᠣᠴᠢᠳ ᠲᠤ ᠵᠣᠷᠢᠭᠤᠯᠤᠨ ᠵᠡᠭᠡᠭᠰᠡᠨ ᠪᠣᠯᠤᠯᠲᠠᠢ᠃ ᠠᠰᠠᠷ ᠦ᠋ᠨ ᠭᠣᠣᠯ ᠶ᠋ᠢᠠᠷ ᠠᠯᠬᠤᠬᠤ ᠬᠥᠮᠦᠰ ᠦ᠋ᠨ ᠳᠤᠮᠳᠠ ᠰᠤᠷᠬᠠᠭᠳᠠᠨᠢ ᠬᠡᠦᠬᠡᠳ ᠦ᠋ᠨ ᠶ᠋ᠢᠡᠨ ᠬᠠᠮᠲᠤ ᠶᠠᠪᠤᠨ᠎ᠠ᠃ ᠲᠡᠷᠡ ᠤᠯᠠᠭᠠᠨ ᠥᠩᠭᠡ ᠶ᠋ᠢᠨ ᠲᠣᠷᠭ᠎ᠠ ᠪᠠᠷ ᠬᠢᠵᠦ᠂ ᠠᠯᠲᠠᠨ ᠡᠮᠵᠢᠶᠡᠷᠢ ᠪᠡᠷ ᠡᠮᠵᠢᠭᠰᠡᠨ ᠭᠣᠶᠣᠮᠰᠤᠭ ᠰᠠᠶ᠋ᠢᠬᠠᠨ ᠤᠤᠵᠢ ᠡᠮᠦᠰᠴᠦ᠂ ᠥᠨᠳᠥᠷ ᠪᠤᠭᠳᠤ ᠳᠡᠭᠡᠷ᠎ᠡ ᠪᠡᠨ ᠡᠮᠦᠨ᠎ᠡ ᠵᠦᠭ ᠡᠴᠡ ᠠᠪᠴᠤ ᠢᠷᠡᠭᠰᠡᠨ ᠦᠵᠡᠰᠬᠦᠯᠡᠩᠲᠦ ᠲᠣᠭᠣᠰ ᠦ᠋ᠨ ᠥᠳᠥ ᠬᠠᠳᠬᠤᠵᠤ᠂ ᠬᠤᠷᠸᠽᠮ ᠦ᠋ᠨ ᠱᠠᠭ( ᠢᠰᠯᠠᠮ ᠦ᠋ᠨ ᠱᠠᠰᠢᠨᠲᠤ ᠤᠯᠤᠰ ᠦ᠋ᠳ ᠦ᠋ᠨ ᠬᠠᠭᠠᠨ) ᠦ᠋ᠨ ᠣᠷᠳᠣᠨ ᠠ᠋ᠴᠠ ᠠᠪᠴᠤ ᠢᠷᠡᠭᠦᠯᠦᠭᠰᠡᠨ ᠭᠣᠶᠣᠮᠰᠣᠭ ᠡᠭᠡᠮᠦᠭ ᠵᠡᠭᠦᠵᠦ᠂ ᠠᠯᠲᠠᠨ ᠤᠭᠠᠯᠵᠠᠲᠤ ᠭᠤᠲᠤᠯ ᠬᠢᠵᠡᠢ᠃ ᠨᠢᠷᠤᠭᠤᠯᠢᠭ ᠪᠡᠶ᠎ᠡ ᠲᠡᠢ ᠡᠨᠡ ᠡᠮᠡᠭᠲᠡᠢ ᠭᠤᠸ᠋᠎ᠠ ᠦᠵᠡᠰᠬᠦᠯᠡᠩ ᠶ᠋ᠢᠡᠷ ᠶ᠋ᠢᠡᠨ ᠨᠢᠭᠡᠨ ᠴᠠᠭ ᠲᠤ ᠲᠠᠯ᠎ᠠ ᠨᠤᠲᠤᠭ ᠊ᠢ ᠱᠤᠤᠭᠢᠭᠤᠯᠵᠤ ᠪᠠᠶ᠋ᠢᠬᠰᠠᠨ ᠨᠢ ᠥᠨᠥ ᠴᠤ᠌ ᠬᠡᠪ ᠶ᠋ᠢᠡᠷ ᠶ᠋ᠢᠡᠨ ᠬᠠᠷᠠᠭᠳᠠᠨ᠎ᠠ᠃ ᠰᠤᠷᠬᠠᠭᠲᠠᠨᠢ ᠥᠪᠡᠷ ᠦ᠋ᠨ ᠬᠥᠪᠡᠭᠦᠳ ᠲᠡᠭᠡᠨ ᠴᠤ᠌ ᠮᠥᠨ ᠴᠠᠭᠠᠨ ᠥᠩᠭᠡ ᠶ᠋ᠢᠨ ᠲᠣᠷᠭ᠎ᠠ ᠪᠠᠷ ᠬᠢᠵᠦ ᠠᠯᠲᠠᠨ ᠤᠳᠠᠰᠤ ᠪᠠᠷ ᠡᠮᠵᠢᠭᠰᠡᠨ ᠳᠡᠪᠡᠯ ᠬᠤᠪᠴᠠᠰᠤ ᠶ᠋ᠢ ᠡᠮᠦᠰᠦᠭᠦᠯᠵᠡᠢ᠃ ᠬᠠᠲᠤᠨ ᠤ ᠡᠨᠡ ᠪᠠᠶ᠋ᠢᠳᠠᠯ ᠊ᠢ ᠬᠠᠷᠠᠨ ᠠᠷᠤ ᠶ᠋ᠢᠨ ᠡᠩᠨᠡᠭᠡᠨ ᠳᠤ ᠰᠠᠭᠤᠵᠤ ᠪᠠᠶ᠋ᠢᠬᠰᠠᠨ ᠪᠦᠰᠡᠭᠦᠶ᠋ᠢᠴᠦᠳ ᠦ᠋ᠨ ᠨᠢᠭᠡᠨ᠂
— ᠡᠨᠡ ᠰᠤᠷᠬᠠᠭᠲᠠᠨᠢ ᠡᠷ᠎ᠡ ᠨᠥᠬᠥᠷ ᠶ᠋ᠢᠡᠨ ᠠᠯᠳᠠᠭᠰᠠᠨ ᠭᠡᠬᠦ ᠳᠤ ᠤᠯᠠᠮ ᠥᠩᠭᠡ ᠣᠷᠣᠭᠰᠠᠨ ᠬᠠᠷᠠᠭᠳᠠᠬᠤ ᠶᠤᠮ᠃ ᠥᠩᠭᠡ ᠵᠢᠰᠦ ᠣᠷᠣᠭᠤᠯᠬᠤ ᠶᠠᠮᠠᠷ ᠷᠢᠳᠢ ᠰᠢᠳᠢ ᠶ᠋ᠢ ᠬᠡᠷᠡᠭᠯᠡᠭᠡᠳ ᠪᠠᠶ᠋ᠢᠳᠠᠭ ᠶᠤᠮ ᠪᠣᠯ ᠭᠡᠵᠦ ᠬᠡᠯᠡᠬᠦ ᠳᠤ ᠨᠥᠭᠥᠭᠡᠬᠢ ᠨᠢ ᠡᠯᠭᠦᠨ ᠠᠪᠴᠤ᠂
— ᠡᠨᠡ ᠴᠢᠨᠢ ᠡᠰᠢ ᠦᠵᠡᠭᠦᠯᠦᠭᠴᠢ ᠬᠠᠲᠤᠨ ᠬᠡ ᠪᠢᠵᠡ ᠳᠡ᠂ ᠴᠠᠭ ᠬᠤᠭᠤᠴᠠᠭ᠎ᠠ ᠥᠩᠭᠡᠷᠡᠬᠦ ᠲᠣᠰᠤᠮ ᠬᠥᠮᠦᠨ ᠬᠥᠭᠰᠢᠷᠡᠵᠦ ᠨᠠᠰᠤᠨ ᠨᠡᠮᠡᠭᠳᠡᠳᠡᠭ ᠪᠠᠢᠬᠤ ᠳ᠋ᠤ᠌
ᠡᠨᠡ ᠬᠠᠲᠤᠨ ᠴᠠᠭ ᠬᠤᠭᠤᠴᠠᠭ᠎ᠠ ᠥᠩᠭᠡᠷᠡᠬᠦ ᠲᠣᠰᠤᠮ ᠵᠠᠯᠠᠭᠤᠵᠢᠵᠤ᠂ ᠨᠠᠰᠤ ᠨᠢ ᠬᠣᠷᠣᠭᠳᠠᠬᠤ ᠶᠤᠮ ᠭᠡᠮᠡᠨ ᠠᠲᠠᠭᠠᠷᠬᠠᠩᠭᠤᠢ ᠬᠡᠯᠡᠯᠴᠡᠨ᠎ᠡ᠃
ᠲᠡᠳᠡᠨ ᠦ᠌ ᠶᠠᠷᠢᠶᠠᠨ ᠳ᠋ᠤ᠌ ᠣᠷᠣᠯᠴᠠᠵᠤ ᠥᠭᠡᠷ᠎ᠡ ᠨᠢᠭᠡ ᠡᠮᠡᠭᠲᠡᠢ᠂
— ᠡᠰᠢ ᠦᠵᠡᠭᠦᠯᠦᠭᠴᠢ ᠭᠡᠵᠦ ᠶᠠᠭᠤ ᠪᠠᠢᠬᠤ ᠪᠣᠢ ᠳᠠ᠂ ᠠᠯᠢ ᠬᠡᠳᠦᠢᠨ ᠣᠷᠳᠣᠨ ᠤ᠋ ᠪᠠᠨ ᠡᠷᠡᠴᠦᠳ ᠲᠡᠢ ᠡᠩᠭᠡᠷ ᠵᠥᠷᠢᠭᠦᠯᠵᠦ᠂ ᠬᠡᠨ ᠰᠠᠢᠨ ᠢ᠋ ᠨᠢ ᠰᠢᠯᠢᠵᠦ ᠰᠣᠩᠭᠣᠨ ᠰᠠᠭᠤᠳᠠᠭ ᠪᠣᠯᠤᠭᠰᠠᠨ ᠪᠢᠵᠡ᠃ ᠬᠠᠲᠤᠨ ᠬᠥᠮᠦᠨ ᠦ᠌ ᠡᠷᠬᠡ ᠬᠦᠴᠦ ᠶ᠋ᠢ ᠬᠠᠷᠠᠭᠤᠯᠬᠤ ᠪᠣᠯᠤᠮᠵᠢ ᠡᠨᠡ ᠬᠠᠲᠤᠨ ᠳ᠋ᠤ᠌ ᠬᠠᠩᠭᠠᠯᠲᠠ ᠲᠠᠢ ᠪᠠᠢᠨ᠎ᠠ᠃ ᠠᠭᠤᠷᠠᠭ ᠢ᠋ ᠭᠠᠭᠴᠠᠭᠠᠷ ᠢ᠋ᠶ᠋ᠠᠨ ᠡᠵᠡᠩᠨᠡᠵᠦ ᠪᠠᠢᠭ᠎ᠠ ᠬᠥᠮᠦᠨ ᠢᠩᠭᠢᠵᠦ ᠰᠠᠭᠤᠬᠤ ᠠ᠋ᠴᠠ ᠥᠭᠡᠷ᠎ᠡ ᠶᠠᠭᠤ ᠬᠢᠬᠦ ᠪᠢᠯᠡ᠃
— ᠬᠦᠢ ᠴᠢ ᠠᠶᠠᠷᠬᠠᠨ ᠶᠠᠷᠢ᠃ ᠴᠠᠭᠠᠳᠤᠬᠢ ᠴᠢᠨᠢ ᠪᠢᠳᠡᠨ ᠢ᠋ ᠠᠩᠵᠠᠭᠠᠷᠠᠴᠢᠬᠠᠬᠤ ᠰᠢᠭ᠋ ᠪᠣᠯᠤᠯ᠎ᠠ᠃ ᠦᠨᠡᠬᠡᠷ ᠡᠰᠢ ᠦᠵᠡᠭᠦᠯᠦᠭᠴᠢ ᠪᠣᠯ ᠦᠭᠡ ᠬᠡᠯᠡᠭᠡ ᠦᠭᠡᠢ ᠪᠣᠳᠣᠵᠤ ᠪᠠᠢᠬᠤ ᠳ᠋ᠤ᠌ ᠯᠠ ᠣᠯᠤᠭᠠᠳ ᠮᠡᠳᠡᠴᠢᠬᠡᠳᠡᠭ ᠭᠡᠳᠡᠭ ᠶᠦᠮ ᠪᠢᠯᠡ᠃
— ᠴᠢᠨᠦ ᠪᠣᠳᠣᠯ ᠢ᠋ ᠤᠩᠰᠢᠬᠤ ᠶᠤᠮ ᠤᠤ᠃ ᠵᠠ ᠲᠡᠷᠡ ᠴᠦ᠍ ᠶᠠᠭᠤ ᠯᠠ ᠪᠣᠯ᠃ ᠲᠡᠳᠡᠨ ᠦ᠌ ᠡᠶ᠋ᠢᠨ ᠶᠠᠷᠢᠵᠤ ᠪᠠᠢᠬᠤ ᠳ᠋ᠤ᠌ ᠰᠤᠷᠬᠠᠭᠲᠠᠨᠢ ᠬᠡᠦᠬᠡᠳ ᠦ᠋ᠨ ᠢ᠋ᠶ᠋ᠡᠨ ᠬᠠᠮᠲᠤ ᠪᠠᠷ ᠲᠡᠷᠢᠭᠦᠨ ᠡᠩᠨᠡᠭᠡᠨ ᠳ᠋ᠦ᠍ ᠬᠠᠭᠠᠨ ᠤ᠋ ᠭᠡᠷ ᠪᠦᠯᠢ ᠶ᠋ᠢᠨ ᠵᠠᠯᠠᠷᠠᠬᠤ ᠰᠠᠭᠤᠳᠠᠯ ᠳ᠋ᠤ᠌ ᠣᠴᠢᠨ ᠰᠠᠭᠤᠵᠤ ᠪᠠᠢᠭ᠎ᠠ ᠬᠠᠷᠠᠭᠳᠠᠨ᠎ᠠ᠃
— ᠪᠢᠳᠡ ᠪᠦᠭᠦᠳᠡ ᠠᠯᠲᠠᠨ ᠤᠷᠤᠭ ᠤ᠋ᠨ ᠪᠡᠷᠢ ᠨᠦ᠍ᠭᠦᠳ᠂ ᠲᠡᠭᠡᠬᠦ ᠳ᠋ᠦ᠍ ᠭᠠᠭᠴᠠ ᠪᠡᠯᠪᠡᠰᠦᠨ ᠰᠤᠷᠬᠠᠭᠲᠠᠨᠢ ᠶ᠋ᠢ ᠲᠡᠷᠢᠭᠦᠨ ᠡᠩᠨᠡᠭᠡᠨ ᠳ᠋ᠦ᠍ ᠬᠡᠦᠬᠡᠳ ᠦ᠋ᠳ ᠲᠡᠢ ᠨᠢ ᠰᠠᠭᠤᠯᠭᠠᠨ᠎ᠠ ᠭᠡᠵᠦ ᠪᠠᠢᠵᠤ ᠲᠠᠭᠠᠷᠠᠬᠤ ᠦᠭᠡᠢ᠃
— ᠴᠢᠮᠡᠭᠡ ᠦᠭᠡᠢ ᠭᠡᠮ᠃ ᠨᠠᠭᠠᠳᠤ ᠬᠠᠲᠤᠨ ᠴᠢᠨᠢ ᠡᠵᠡᠨ ᠶᠡᠬᠡ ᠬᠠᠭᠠᠨ ᠤ᠋ ᠦᠶ᠎ᠡ ᠡᠴᠡ ᠳᠠᠷᠬᠠᠯᠠᠭᠳᠠᠭᠰᠠᠨ ᠪᠡᠷᠢ᠂ ᠲᠡᠭᠦᠨ ᠲᠡᠢ ᠪᠠᠷᠢᠴᠠᠭᠠᠳ ᠪᠠᠢᠬᠤ ᠬᠡᠷᠡᠭ
ᠦᠭᠡᠢ᠃ ᠲᠡᠳᠡᠨ ᠢ᠋ ᠡᠨᠡ ᠮᠡᠲᠦ ᠶᠠᠷᠢᠯᠴᠠᠨ ᠪᠠᠢᠬᠤ ᠳ᠋ᠤ᠌ ᠶᠡᠬᠡ ᠬᠤᠷᠠᠯᠲᠠᠢ ᠡᠬᠢᠯᠡᠭᠰᠡᠨ ᠢ᠋ ᠮᠡᠳᠡᠭᠳᠡᠵᠦ᠂ ᠪᠦᠷᠢᠶ᠎ᠡ ᠪᠢᠰᠬᠢᠭᠦᠷ ᠦ᠋ᠨ ᠳᠠᠭᠤ ᠬᠠᠩᠭᠢᠨᠠᠪᠠ᠃ ᠲᠦᠳᠡ ᠤᠳᠠᠯ ᠦᠭᠡᠢ᠂
— ᠮᠥᠩᠬᠡ ᠬᠥᠬᠡ ᠲᠡᠭᠷᠢ᠂ ᠮᠥᠩᠬᠡᠳᠡ ᠨᠣᠭᠣᠭᠠᠨ ᠭᠠᠵᠠᠷ ᠳᠡᠯᠡᠬᠡᠢ᠂ ᠬᠤᠢᠯᠠᠷᠠᠨ ᠡᠷᠭᠢᠯᠳᠦᠭᠴᠢ ᠨᠠᠷᠠ ᠰᠠᠷ᠎ᠠ᠂ ᠬᠤᠷᠠᠨ ᠴᠢᠭᠤᠯᠬᠤ ᠶᠡᠬᠡᠰ ᠳᠡᠭᠡᠳᠦᠰ ᠰᠣᠨᠣᠷᠳᠠᠭᠲᠤᠨ᠃ ᠪᠢᠳᠡᠨ ᠦ᠌ ᠳᠡᠭᠡᠷ᠎ᠡ ᠮᠥᠩᠬᠡ ᠬᠥᠬᠡ ᠲᠡᠭᠷᠢ᠂ ᠲᠩᠷᠢ ᠶ᠋ᠢᠨ ᠳᠣᠣᠷ᠎ᠠ ᠬᠠᠭᠠᠨ ᠡᠵᠡᠨ ᠪᠣᠢ᠃ ᠬᠤᠷᠠᠨ ᠴᠢᠭᠤᠯᠤᠭᠰᠠᠨ ᠲᠠ ᠪᠦᠬᠦᠨ ᠦ᠌ ᠡᠮᠦᠨ᠎ᠡ ᠶᠡᠬᠡ ᠮᠣᠩᠭᠣᠯ ᠤᠯᠤᠰ ᠤ᠋ᠨ ᠡᠵᠡᠨ ᠬᠠᠭᠠᠨ ᠮᠣᠷᠢᠯᠠᠨ ᠢᠷᠡᠬᠦ ᠭᠡᠵᠦ ᠪᠠᠢᠨ᠎ᠠ ᠭᠡᠬᠦ ᠬᠤᠷᠠᠯᠲᠠᠢ ᠤᠳᠤᠷᠢᠳᠤᠭᠠᠴᠢ ᠶ᠋ᠢᠨ ᠳᠠᠭᠤ ᠰᠣᠨᠣᠰᠳᠠᠵᠤ᠂ ᠴᠢᠭᠤᠯᠤᠭᠰᠠᠨ ᠣᠯᠠᠨ ᠪᠦᠭᠦᠳᠡᠭᠡᠷ ᠥᠨᠳᠡᠢᠨ ᠪᠣᠰᠴᠤ ᠬᠠᠭᠠᠨ ᠡᠵᠡᠨ ᠢ᠋ ᠬᠦᠯᠢᠶᠡᠨ ᠠᠪᠤᠯ᠎ᠠ᠃ ᠠᠰᠠᠷ ᠤ᠋ᠨ ᠭᠣᠣᠯ ᠢ᠋ᠶ᠋ᠠᠷ ᠵᠠᠰᠠᠭᠰᠠᠨ᠂ ᠺᠦᠱᠡᠨ( ᠳᠤᠮᠳᠠᠳᠤ ᠠᠽᠢᠶ᠎ᠠ ᠪᠣᠯᠤᠨ ᠡᠨᠡᠳᠬᠡᠭ ᠦ᠋ᠨ ᠬᠣᠢᠲᠤ ᠬᠡᠰᠡᠭ ᠢ᠋ ᠡᠵᠡᠷᠬᠡᠵᠦ ᠪᠠᠢᠭᠰᠠᠨ ᠡᠷᠲᠡᠨ ᠦ᠌ ᠤᠯᠤᠰ) ᠠ᠋ᠴᠠ ᠲᠤᠰᠬᠠᠢᠯᠠᠨ ᠠᠪᠴᠤ ᠢᠷᠡᠭᠦᠯᠦᠭᠰᠡᠨ ᠴᠠᠭᠠᠨ ᠡᠷᠢᠶᠡᠨ ᠬᠡᠪᠢᠰᠦᠨ ᠳᠡᠭᠡᠭᠦᠷ ᠬᠠᠷᠠᠴᠠ ᠪᠠᠨ ᠳᠡᠭᠡᠷ᠎ᠡ ᠡᠷᠭᠦᠨ ᠠᠯᠬᠤᠨ ᠣᠷᠣᠵᠤ ᠢᠷᠡᠬᠦ ᠬᠠᠭᠠᠨ ᠡᠵᠡᠨ ᠢ᠋ ᠪᠦᠭᠦᠳᠡᠭᠡᠷ ᠬᠤᠷᠤᠢᠯᠠᠨ ᠤᠭᠲᠤᠵᠤ ᠠᠪᠤᠯ᠎ᠠ᠃
ᠥᠭᠡᠳᠡᠢ ᠬᠠᠭᠠᠨ ᠰᠡᠨᠳᠡᠢ ᠳ᠋ᠡᠭᠡᠨ ᠵᠠᠯᠠᠷᠠᠬᠤ ᠶ᠋ᠢᠨ ᠡᠮᠦᠨ᠎ᠡ᠂ ᠬᠤᠷᠠᠭᠰᠠᠨ ᠣᠯᠠᠨ ᠢ᠋ ᠲᠣᠭᠣᠷᠢᠭᠤᠯᠤᠨ ᠬᠠᠷᠠᠯ᠎ᠠ᠃ ᠬᠠᠮᠤᠭ ᠤ᠋ᠨ ᠤᠷᠲᠤ ᠲᠠᠯ᠎ᠠ ᠶ᠋ᠢᠨ ᠡᠩᠨᠡᠭᠡᠨ ᠳ᠋ᠦ᠍ ᠬᠡᠦᠬᠡᠳ ᠦ᠋ᠳ ᠲᠡᠢ ᠪᠡᠨ ᠵᠣᠭᠰᠣᠵᠤ ᠪᠣᠢ ᠰᠤᠷᠬᠠᠭᠲᠠᠨᠢ ᠶ᠋ᠢ ᠣᠯᠵᠤ ᠦᠵᠡᠭᠡᠳ ᠶᠠᠮᠠᠷ ᠨᠢᠭᠡᠨ ᠵᠦᠢᠯ ᠢ᠋ ᠬᠡᠯᠡᠬᠦ ᠭᠡᠳ ᠪᠣᠯᠢᠵᠤ ᠪᠣᠢ ᠪᠣᠯᠤᠯᠲᠠᠢ ᠢᠨᠢᠶᠡᠮᠰᠦᠭᠯᠡᠭᠡᠳ ᠰᠡᠨᠳᠡᠢ ᠳ᠋ᠡᠭᠡᠨ ᠵᠠᠯᠠᠷᠠᠭᠰᠠᠨ ᠬᠣᠢᠨ᠎ᠠ ᠵᠤᠨ ᠣᠯᠠᠨ ᠢ᠋ ᠰᠠᠭᠤᠳᠠᠯ ᠳ᠋ᠠᠭᠠᠨ ᠰᠠᠭᠤᠬᠤ ᠶ᠋ᠢ ᠬᠦᠰᠡᠯ᠎ᠡ᠃ ᠥᠭᠡᠳᠡᠢ ᠬᠠᠭᠠᠨ ᠤ᠋ ᠵᠠᠯᠠᠷᠠᠭᠰᠠᠨ ᠬᠠᠮᠤᠭ ᠤ᠋ᠨ ᠤᠷᠲᠤ ᠲᠠᠯ᠎ᠠ ᠶ᠋ᠢᠨ ᠡᠩᠨᠡᠭᠡᠨ ᠳ᠋ᠦ᠍ ᠬᠠᠭᠠᠨ ᠤ᠋ ᠭᠡᠷ ᠪᠦᠯᠢ᠂ ᠬᠠᠲᠤᠳ᠂ ᠲᠣᠮᠣ ᠬᠥᠪᠡᠭᠦᠳ᠂ ᠴᠠᠭᠠᠲᠠᠢ ᠶ᠋ᠢᠨ ᠦᠷ᠎ᠡ ᠰᠡᠳᠦ᠂ ᠵᠥᠴᠢ ᠶ᠋ᠢᠨ ᠬᠦᠦ ᠪᠠᠲᠤ ᠪᠣᠯᠤᠨ ᠰᠦᠪᠡᠭᠡᠳᠡᠢ ᠨᠠᠷ ᠰᠠᠭᠤᠵᠠᠢ᠃
ᠬᠤᠷᠠᠯᠲᠠᠢ ᠢᠳᠡ ᠳᠤᠮᠳᠠ ᠪᠠᠨ ᠴᠢᠭᠤᠯᠵᠤ᠂ ᠡᠮᠦᠨᠡᠲᠦ ᠳ᠋ᠦ᠍ ᠠᠰᠠᠭᠰᠠᠨ ᠰᠢᠨ᠎ᠡ ᠲᠡᠢᠨ ᠦ᠌ ᠭᠠᠯ᠂ ᠪᠠᠷᠠᠭᠤᠨ ᠵᠦᠭ ᠲᠦ᠍ ᠥᠨᠥ ᠪᠣᠯᠲᠠᠯ᠎ᠠ ᠨᠠᠮᠳᠠᠭ᠎ᠠ ᠦᠭᠡᠢ ᠪᠠᠢᠭ᠎ᠠ ᠺᠢᠫᠴᠡᠺ ᠦ᠋ᠨ ᠦᠯᠡᠳᠡᠭᠳᠡᠯ᠂ ᠥᠨᠥ ᠬᠦᠷᠲᠡᠯ᠎ᠡ ᠦᠰ ᠡᠪᠦᠷᠯᠡᠨ ᠪᠠᠢᠭ᠎ᠠ ᠰᠥᠩ ᠤᠯᠤᠰ᠂ ᠭᠠᠤᠯᠢ ᠶ᠋ᠢ ᠳᠠᠢᠯᠠᠨ ᠮᠣᠬᠣᠭᠠᠬᠤ ᠶᠡᠬᠡ ᠳᠣᠯᠣᠭᠠᠨ ᠢ᠋ ᠡᠬᠢᠯᠡᠭᠦᠯᠬᠦ ᠪᠡᠷ ᠲᠣᠭᠲᠠᠯ᠎ᠠ᠃ ᠺᠢᠫᠴᠡᠺ ᠪᠣᠯᠤᠨ ᠣᠷᠣᠰ ᠲᠤ ᠮᠣᠩᠭᠣᠯ ᠤ᠋ᠨ ᠡᠯᠴᠢ ᠶ᠋ᠢ ᠢᠲᠡᠭᠡᠯ ᠡᠪᠳᠡᠨ ᠬᠣᠷᠣᠭᠠᠭᠰᠠᠨ ᠲᠡᠳᠦᠢ ᠦᠭᠡᠢ᠂ ᠪᠣᠯᠭᠠᠷᠢᠶ᠎ᠠ ᠳ᠋ᠤ᠌ ᠮᠣᠩᠭᠣᠯ ᠴᠡᠷᠢᠭ ᠦ᠋ᠨ ᠠᠷᠤ ᠬᠤᠳᠠᠷᠭ᠎ᠠ ᠪᠠᠷ ᠳᠣᠪᠲᠣᠯᠤᠭᠰᠠᠨ ᠶᠠᠪᠤᠳᠠᠯ ᠢ᠋ ᠥᠷᠥᠰᠢᠶᠡᠨ ᠠᠭᠤᠴᠢᠯᠠᠵᠤ ᠴᠢᠳᠠᠬᠤ ᠦᠭᠡᠢ ᠪᠣᠯᠬᠤ ᠪᠠᠨ ᠥᠭᠡᠳᠡᠢ ᠬᠠᠭᠠᠨ ᠮᠡᠳᠡᠭᠳᠡᠯ᠎ᠡ᠃ ᠬᠤᠷᠠᠯᠳᠠᠢ ᠲᠦᠷ ᠵᠠᠪᠰᠠᠷᠯᠠᠬᠤ ᠵᠠᠭᠤᠷ᠎ᠠ ᠥᠭᠡᠳᠡᠢ ᠬᠠᠭᠠᠨ ᠦᠷᠭᠦᠭᠡᠨ ᠳ᠋ᠡᠭᠡᠨ ᠵᠠᠯᠠᠷᠠᠵᠤ᠂ ᠥᠷᠯᠥᠭ ᠵᠠᠩᠵᠤᠳ᠂ ᠰᠢᠳᠠᠷ ᠲᠦᠰᠢᠮᠡᠳ ᠵᠠᠪᠰᠠᠷᠯᠠᠭᠠᠨ ᠤ᠋ ᠳᠠᠷᠠᠭ᠎ᠠ ᠭᠠᠷᠬᠤ ᠰᠢᠢᠳᠪᠦᠷᠢ ᠶ᠋ᠢᠨ ᠲᠠᠯ᠎ᠠ ᠪᠠᠷ ᠲᠠᠭᠠᠮᠠᠭᠯᠠᠨ ᠶᠠᠷᠢᠯᠴᠠᠵᠤ ᠪᠠᠢᠪᠠ᠃ ᠥᠭᠡᠳᠡᠢ ᠬᠠᠭᠠᠨ ᠥᠪᠡᠷ ᠦ᠋ᠨ ᠪᠡᠶ᠎ᠡ ᠪᠡᠷ ᠰᠥᠩ ᠤᠯᠤᠰ᠂ ᠭᠠᠤᠯᠢ ᠤᠯᠤᠰ ᠲᠠᠢ ᠳᠠᠢᠳᠤᠬᠤ ᠰᠢᠢᠳᠪᠦᠷᠢ ᠶ᠋ᠢ ᠭᠠᠷᠭᠠᠭᠰᠠᠨ ᠲᠤᠯᠠ᠂ ᠪᠠᠷᠠᠭᠤᠨ ᠵᠦᠭ ᠦ᠋ᠨ ᠣᠷᠣᠨ ᠨᠤᠭᠤᠳ ᠢ᠋ ᠪᠠᠢᠯᠳᠤᠨ ᠡᠵᠡᠯᠡᠬᠦ ᠬᠡᠷᠡᠭ ᠢ᠋ ᠬᠡᠨ ᠳ᠋ᠦ᠍ ᠠᠬᠠᠯᠠᠭᠤᠯᠤᠨ ᠶᠠᠪᠤᠭᠤᠯᠬᠤ ᠲᠤᠬᠠᠢ ᠥᠪᠡᠷ ᠥᠪᠡᠷ ᠦ᠋ᠨ ᠲᠠᠭᠠᠮᠠᠭ ᠢ᠋ᠶ᠋ᠠᠨ ᠳᠡᠪᠰᠢᠭᠦᠯᠦᠨ ᠪᠠᠢᠪᠠ᠃ ᠬᠤᠷᠠᠭᠰᠠᠨ ᠣᠯᠠᠨ ᠤ᠋ ᠳᠤᠮᠳᠠ ᠠ᠋ᠴᠠ ᠴᠠᠭᠠᠲᠠᠢ ᠪᠣᠰᠤᠨ ᠢᠷᠡᠵᠦ᠂
— ᠶᠡᠬᠡ ᠡᠵᠡᠨ ᠬᠠᠭᠠᠨ ᠤ᠋ ᠦᠶ᠎ᠡ ᠡᠴᠡ ᠢᠲᠡᠭᠡᠯ ᠡᠪᠳᠡᠭᠰᠡᠨ ᠬᠡᠨ ᠢ᠋ ᠴᠦ᠍ ᠥᠷᠥᠰᠢᠶᠡᠨ ᠨᠢᠭᠦᠯᠡᠰᠴᠦ ᠪᠠᠢᠭᠰᠠᠨ ᠦᠭᠡᠢ᠃ ᠮᠣᠩᠭᠣᠯ ᠤ᠋ᠨ ᠡᠯᠴᠢ ᠶ᠋ᠢ ᠠᠯᠠᠵᠤ᠂ ᠶᠡᠬᠡ ᠮᠣᠩᠭᠣᠯ ᠤ᠋ᠨ ᠴᠡᠷᠢᠭ ᠦ᠋ᠳ ᠦ᠋ᠨ ᠠᠷᠤ ᠬᠤᠳᠠᠷᠭ᠎ᠠ ᠪᠠᠷ ᠳᠠᠭᠠᠷᠢᠨ ᠳᠣᠪᠲᠣᠯᠤᠭᠰᠠᠨ ᠶᠠᠯ᠎ᠠ ᠶ᠋ᠢ ᠠᠰᠠᠭᠤᠵᠤ᠂ᠪᠠᠷᠠᠭᠤᠨ ᠵᠦᠭ ᠦ᠋ᠨ ᠣᠷᠣᠨ ᠨᠤᠭᠤᠳ ᠢ᠋ ᠪᠠᠢᠯᠳᠤᠨ ᠡᠵᠡᠯᠡᠬᠦ ᠬᠡᠷᠡᠭ ᠢ᠋ ᠠᠯᠲᠠᠨ ᠤᠷᠤᠭ ᠤ᠋ᠨ ᠠᠬᠠᠮᠠᠳ ᠬᠥᠪᠡᠭᠦᠳ ᠲᠦ᠍ ᠳᠠᠭᠠᠭᠠᠯᠭᠠᠬᠤ ᠰᠠᠨᠠᠯ ᠲᠠᠢ ᠪᠠᠢᠨ᠎ᠠ᠃ ᠡᠨᠡ ᠠᠶᠠᠨ ᠲᠡᠢᠨ ᠡᠴᠡ ᠶᠡᠬᠡ ᠮᠣᠩᠭᠣᠯ ᠤ᠋ᠨ ᠢᠷᠡᠭᠡᠳᠦᠢ ᠰᠢᠢᠳᠦᠭᠳᠡᠵᠦ᠂ ᠶᠡᠬᠡ ᠬᠠᠭᠠᠨ ᠤ᠋ ᠠᠴᠢ ᠨᠠᠷ ᠤ᠋ᠨ ᠬᠡᠨ ᠨᠢ ᠬᠡᠨ ᠪᠣᠢ ᠭᠡᠳᠡᠭ ᠢ᠋ ᠬᠠᠷᠠᠵᠤ ᠪᠣᠯᠬᠤ ᠰᠠᠨᠠᠭᠳᠠᠨ᠎ᠠ ᠭᠡᠵᠦ ᠬᠡᠯᠡᠯ᠎ᠡ᠃
ᠠᠯᠲᠠᠨ ᠤᠷᠤᠭ ᠤ᠋ᠨ ᠠᠬᠠᠮᠠᠳ ᠬᠥᠮᠦᠨ ᠪᠣᠯᠬᠤ ᠴᠠᠭᠠᠲᠠᠢ ᠶ᠋ᠢᠨ ᠡᠨᠡ ᠦᠭᠡ ᠶ᠋ᠢ ᠰᠣᠨᠣᠰᠤᠭᠠᠳ ᠬᠤᠷᠠᠭᠰᠠᠨ ᠣᠯᠠᠨ ᠳᠣᠣᠷ᠎ᠠ ᠪᠦᠷᠢᠨ᠎ᠡ ᠶᠠᠷᠢᠯᠴᠠᠵᠤ᠂ᠥᠪᠡᠷ ᠥᠪᠡᠷ ᠦ᠋ᠨ ᠲᠠᠭᠠᠮᠠᠭ ᠢ᠋ᠶ᠋ᠠᠨ ᠳᠡᠪᠰᠢᠭᠦᠯᠦᠨ ᠪᠠᠢᠬᠤ ᠳ᠋ᠤ᠌ ᠥᠭᠡᠳᠡᠢ ᠬᠠᠭᠠᠨ ᠬᠥᠮᠦᠰ ᠦ᠋ᠨ ᠶᠠᠷᠢᠶ᠎ᠠ ᠶ᠋ᠢ ᠲᠠᠰᠤᠯᠤᠨ ᠳᠠᠭᠤ ᠦᠭᠡᠢ ᠪᠣᠯᠬᠤ ᠶ᠋ᠢ ᠮᠡᠳᠡᠭᠲᠦᠨ ᠭᠠᠷ ᠢ᠋ᠶ᠋ᠠᠷ ᠢ᠋ᠶ᠋ᠠᠨ ᠳᠣᠬᠢᠭᠠᠳ᠂
—ᠠᠬᠠᠮᠠᠳ ᠬᠥᠪᠡᠭᠦᠳ ᠢ᠋ ᠠᠶᠠᠨ ᠲᠡᠢᠨ ᠳ᠋ᠦ᠍ ᠶᠠᠪᠤᠭᠤᠯᠤᠨ᠎ᠠ ᠭᠡᠳᠡᠭ ᠵᠥᠪ ᠰᠠᠨᠠᠭ᠎ᠠ ᠪᠤᠶᠤ᠃ᠴᠠᠭᠠᠲᠠᠢ ᠠᠬ᠎ᠠ ᠶ᠋ᠢᠨ ᠦᠭᠡ ᠶ᠋ᠢ ᠬᠦᠯᠢᠶᠡᠨ ᠠᠪᠴᠤ ᠪᠠᠷᠠᠭᠤᠨ ᠵᠦᠭ ᠦ᠋ᠨ ᠣᠷᠣᠨ ᠨᠤᠭᠤᠳ ᠢ᠋ ᠪᠠᠢᠯᠳᠤᠨ ᠡᠵᠡᠯᠡᠬᠦ ᠡᠭᠦᠷᠭᠡ ᠶ᠋ᠢ ᠲᠡᠳᠡᠨ ᠳ᠋ᠦ᠍ ᠳᠠᠭᠠᠭᠠᠯᠭᠠᠶᠠ᠃ᠭᠠᠵᠠᠷ ᠣᠷᠣᠨ ᠤ᠋ ᠪᠠᠢᠷᠢᠯᠠᠯ᠂ ᠬᠥᠮᠦᠨ ᠠᠷᠠᠳ ᠤ᠋ᠨ ᠠᠮᠢᠳᠤᠷᠠᠯ ᠠᠬᠤᠢ ᠳ᠋ᠤ᠌ ᠰᠠᠢᠨ ᠮᠡᠳᠡᠬᠦ ᠬᠥᠮᠦᠨ ᠦ᠌ ᠬᠤᠪᠢ ᠳ᠋ᠤ᠌ ᠪᠠᠲᠤ ᠪᠠᠷ ᠡᠨᠡ ᠠᠵᠢᠯ ᠢ᠋ ᠠᠬᠠᠯᠠᠭᠤᠯᠤᠨ᠂ᠥᠪᠡᠷ ᠦ᠋ᠨ ᠬᠦᠦ ᠬᠥᠶᠦᠭ ᠢ᠋ᠶ᠋ᠡᠷ ᠶᠡᠬᠡ ᠴᠡᠷᠢᠭ ᠲᠣᠯᠣᠭᠠᠢᠯᠠᠭᠤᠯᠤᠨ ᠶᠠᠪᠤᠭᠤᠯᠤᠶ᠎ᠠ᠃ᠠᠬᠠᠮᠠᠳ ᠬᠥᠪᠡᠭᠦᠳ ᠳᠣᠣᠷ᠎ᠠ ᠪᠦᠷᠢᠨ᠎ᠡ ᠥᠪᠡᠷ ᠦ᠋ᠨ ᠴᠡᠷᠢᠭ ᠢ᠋ ᠠᠬᠠᠯᠠᠨ ᠶᠠᠪᠤᠭ ᠭᠡᠪᠡ᠃
ᠰᠤᠷᠬᠠᠭᠲᠠᠨᠢ ᠥᠭᠡᠳᠡᠢ ᠬᠠᠭᠠᠨ ᠤ᠋ ᠰᠢᠢᠳᠪᠦᠷᠢ ᠶ᠋ᠢ ᠰᠣᠨᠣᠰᠤᠭᠠᠳ ᠪᠠᠷᠠᠭᠤᠨ ᠵᠦᠭ ᠦ᠋ᠨ ᠤᠯᠤᠰ ᠣᠷᠣᠨ ᠨᠤᠭᠤᠳ ᠢ᠋ ᠪᠠᠢᠯᠳᠤᠨ ᠡᠵᠡᠯᠡᠬᠦ ᠬᠡᠷᠡᠭ ᠢ᠋ ᠪᠠᠲᠤ ᠳ᠋ᠤ᠌ ᠳᠠᠭᠠᠭᠠᠯᠭᠠᠭᠰᠠᠨ ᠬᠢᠷᠢᠨ᠎ᠠ ᠥᠪᠡᠷ ᠦᠨ ᠬᠦᠦ ᠬᠥᠶᠦᠭ ᠢ᠋ᠶ᠋ᠡᠷ ᠶᠡᠬᠡ ᠴᠡᠷᠢᠭ ᠢ᠋ ᠠᠬᠠᠯᠠᠭᠤᠯᠤᠨ ᠶᠠᠪᠤᠭᠤᠯᠵᠤ ᠪᠠᠢᠭ᠎ᠠ ᠨᠢ ᠶᠠᠮᠠᠷ ᠤᠴᠢᠷ ᠲᠠᠢ ᠶ᠋ᠢ ᠪᠣᠳᠣᠵᠤ ᠰᠠᠭᠤᠯ᠎ᠠ᠃ ᠠᠯᠲᠠᠨ ᠤᠷᠤᠭ ᠤ᠋ᠨ ᠬᠠᠨ ᠬᠥᠪᠡᠭᠦᠳ ᠲᠦ᠍ ᠰᠤᠷᠬᠠᠭᠲᠠᠨᠢ ᠶ᠋ᠢᠨ ᠬᠦᠦ ᠮᠥᠩᠬᠡ ᠪᠠᠭᠲᠠᠵᠤ ᠪᠠᠢᠭ᠎ᠠ᠃ᠡᠭᠦᠨ ᠦ᠌ ᠳᠠᠷᠠᠭ᠎ᠠ ᠥᠭᠡᠳᠡᠢ ᠬᠠᠭᠠᠨ᠂
— ᠬᠠᠭᠠᠨ ᠡᠴᠢᠭᠡ ᠥᠪᠡᠷ ᠢ᠋ᠶ᠋ᠡᠨ ᠠᠶᠠᠨ ᠲᠡᠢᠨ ᠢ᠋ ᠤᠳᠤᠷᠢᠳᠤᠨ ᠶᠠᠪᠤᠭᠤᠯᠵᠤ ᠪᠠᠢᠬᠤ ᠳ᠋ᠠᠭᠠᠨ ᠬᠥᠪᠡᠭᠦᠳ ᠪᠢᠳᠡᠨ ᠳ᠋ᠦ᠍ ᠲᠤᠰᠬᠠᠢᠯᠠᠨ ᠲᠤᠯᠤᠯᠳᠤᠬᠤ ᠭᠠᠵᠠᠷ ᠣᠷᠣᠨ ᠵᠢᠭᠠᠨ ᠥᠭᠴᠦ ᠢᠯᠡᠭᠡᠳᠡᠭ ᠪᠠᠢᠭᠰᠠᠨ ᠨᠢ ᠥᠪᠡᠷ ᠦ᠋ᠨ ᠬᠥᠪᠡᠭᠦᠳ ᠡᠴᠡ ᠢᠯᠡᠳᠲᠡ ᠭᠠᠪᠢᠶ᠎ᠠ ᠲᠠᠢ ᠨᠢᠭᠡᠨ ᠢ᠋ ᠣᠨᠴᠠᠯᠠᠨ ᠬᠠᠷᠠᠬᠤ ᠭᠡᠰᠡᠨ ᠬᠦᠰᠡᠯ ᠪᠠᠢᠭᠰᠠᠨ ᠪᠢᠵᠡ᠃ ᠴᠠᠭᠠᠲᠠᠢ ᠠᠬ᠎ᠠ ᠡᠨᠡ ᠤᠳᠠᠭ᠎ᠠ ᠳ᠋ᠤ᠌ ᠬᠠᠭᠠᠨ ᠡᠴᠢᠭᠡ ᠶ᠋ᠢᠨ ᠰᠠᠨᠠᠭ᠎ᠠ ᠶ᠋ᠢ ᠦᠷᠭᠦᠯᠵᠢᠯᠡᠭᠦᠯᠬᠦ ᠶ᠋ᠢ ᠰᠠᠨᠠᠭᠤᠯᠤᠯ᠎ᠠ᠃ ᠶᠡᠬᠡ ᠬᠠᠭᠠᠨ ᠤ᠋ ᠠᠴᠢ ᠨᠠᠷ ᠡᠨᠡ ᠲᠡᠢᠨ ᠢ᠋ᠶ᠋ᠡᠷ ᠥᠪᠡᠷ ᠦ᠋ᠨ ᠭᠠᠪᠢᠶ᠎ᠠ ᠶ᠋ᠢ ᠬᠠᠷᠠᠭᠤᠯᠳᠠᠭ ᠭᠡᠵᠦ ᠨᠡᠮᠡᠵᠦ ᠬᠡᠯᠡᠯ᠎ᠡ᠃
ᠡᠨᠡ ᠦᠭᠡ ᠶ᠋ᠢ ᠰᠣᠨᠣᠰᠤᠭᠠᠳ ᠠᠯᠲᠠᠨ ᠤᠷᠤᠭ ᠤ᠋ᠨ ᠠᠷᠪᠠᠨ ᠨᠢᠭᠡᠨ ᠬᠠᠨ ᠬᠥᠪᠡᠭᠦᠳ ᠳᠣᠣᠷ᠎ᠠ ᠪᠦᠷᠢᠨ᠎ᠡ ᠭᠠᠪᠢᠶ᠎ᠠ ᠪᠠᠢᠭᠤᠯᠬᠤ ᠶ᠋ᠢ ᠬᠦᠰᠡᠮᠵᠢᠯᠡᠨ ᠪᠠᠢᠪᠠ᠃ ᠲᠠᠯ᠎ᠠ ᠨᠤᠲᠤᠭ ᠤ᠋ᠨ ᠮᠣᠩᠭᠣᠯ ᠬᠥᠮᠦᠨ ᠦ᠌ ᠬᠤᠷᠳᠤ ᠬᠦᠴᠦ᠂ ᠲᠡᠪᠴᠢᠶᠡᠷᠢ ᠬᠠᠲᠠᠭᠤᠵᠢᠯ᠂ ᠣᠶᠤᠨ ᠤᠬᠠᠭᠠᠨ᠂ ᠣᠪᠰᠣᠭ᠎ᠠ ᠰᠠᠮᠪᠠᠭ᠎ᠠ ᠶ᠋ᠢ ᠰᠢᠯᠭᠠᠳᠠᠭ ᠵᠦᠢᠯ ᠪᠣᠯ ᠲᠡᠢᠨ ᠳᠣᠯᠣᠭᠠᠨ ᠪᠠᠢᠬᠤ ᠲᠤᠯᠠ ᠡᠨᠡ ᠤᠳᠠᠭ᠎ᠠ ᠶ᠋ᠢᠨ ᠠᠶᠠᠨ ᠲᠡᠢᠨ ᠴᠢᠬᠤᠯᠠ ᠰᠢᠯᠭᠠᠪᠤᠷᠢ ᠪᠣᠯᠬᠤ ᠤᠴᠢᠷᠲᠠᠢ᠃ ᠬᠤᠷᠠᠯᠳᠠᠢ ᠳ᠋ᠤ᠌ ᠴᠤᠭᠯᠠᠭᠰᠠᠨ ᠣᠯᠠᠨ ᠤ᠋ ᠳᠤᠮᠳᠠ ᠠ᠋ᠴᠠ ᠰᠤᠷᠬᠠᠭᠲᠠᠨᠢ ᠬᠠᠲᠤᠨ《ᠥᠭᠡᠳᠡᠢ ᠬᠠᠭᠠᠨ ᠡᠵᠡᠨ ᠦ᠌ ᠳᠠᠷᠠᠭ᠎ᠠ ᠬᠠᠭᠠᠨ ᠣᠷᠣ ᠰᠠᠭᠤᠬᠤ ᠬᠥᠮᠦᠨ ᠬᠡᠨ ᠪᠠᠢᠬᠤ ᠪᠣᠢ ᠭᠡᠳᠡᠭ ᠨᠢ ᠠᠬᠠᠮᠠᠳ ᠬᠥᠪᠡᠭᠦᠳ ᠦ᠋ᠨ ᠠᠶᠠᠨ ᠲᠡᠢᠨ ᠢ᠋ᠶ᠋ᠡᠷ ᠲᠣᠳᠣᠷᠠᠵᠤ ᠪᠣᠯᠬᠤ ᠶᠤᠮ᠂ ᠡᠨᠡ ᠪᠣᠯ ᠢᠷᠡᠭᠡᠳᠦᠢ ᠶ᠋ᠢᠨ ᠬᠠᠭᠠᠨ ᠤ᠋ ᠲᠥᠯᠦᠭᠡᠬᠢ ᠲᠡᠮᠡᠴᠡᠯ ᠪᠣᠯᠤᠨ᠎ᠠ》 ᠭᠡᠳᠡᠭ ᠢ᠋ ᠣᠯᠵᠤ ᠬᠠᠷᠠᠯ᠎ᠠ᠃ ᠲᠡᠷᠡ ᠳᠣᠲᠣᠷ᠎ᠠ ᠪᠠᠨ《ᠡᠨᠡ ᠲᠡᠢᠨ ᠳ᠋ᠦ᠍ ᠭᠠᠷᠮᠠᠭᠠᠢ ᠭᠠᠪᠢᠶ᠎ᠠ ᠪᠠᠢᠭᠤᠯᠤᠭᠰᠠᠨ ᠬᠥᠮᠦᠨ ᠢᠷᠡᠭᠡᠳᠦᠢ ᠳᠦ ᠨᠥᠯᠥᠭᠡ ᠲᠡᠢ ᠪᠠᠢᠬᠤ ᠨᠢ ᠳᠠᠮᠵᠢᠭ ᠦᠭᠡᠢ᠃ ᠠᠬᠠᠮᠠᠳ ᠬᠥᠪᠡᠭᠦᠳ ᠦ᠋ᠨ ᠠᠶᠠᠨ ᠲᠡᠢᠨ ᠪᠣᠯ ᠲᠠᠯ᠎ᠠ ᠨᠤᠲᠤᠭ ᠲᠤ ᠬᠠᠮᠤᠭ ᠤ᠋ᠨ ᠶᠡᠬᠡ ᠬᠦᠯᠢᠶᠡᠯᠲᠡ᠂ ᠬᠠᠮᠤᠭ ᠤ᠋ᠨ ᠶᠡᠬᠡ ᠭᠠᠪᠢᠶ᠎ᠠ ᠶ᠋ᠢ ᠠᠪᠴᠤ ᠢᠷᠡᠬᠦ ᠲᠡᠢᠨ ᠪᠠᠢᠬᠤ ᠨᠢ》 ᠭᠡᠮᠡᠨ ᠪᠣᠳᠣᠵᠤ ᠰᠠᠭᠤᠯ᠎ᠠ᠃
ᠦᠰᠦᠭ ᠠᠮᠢᠯᠠᠭᠤᠯᠤᠭᠴᠢ᠄ ᠨᠠᠷᠠᠨ᠂ ᠪᠠᠶᠠᠨᠴᠡᠴᠡᠭ᠂ ᠨᠠᠷᠠᠨᠲᠤᠶᠠᠭ᠎ᠠ᠂ ᠤᠷᠠᠨᠴᠢᠮᠡᠭ᠂ ᠸᠠᠩ᠂ ᠪᠠᠳᠮ᠎ᠠ ᠂ ᠡ᠊᠂ ᠭᠤᠸ᠎ᠠ᠂ ᠣᠶᠤᠨᠴᠢᠮᠡᠭ᠂ ᠱᠠᠭᠰᠠᠯ᠂ ᠳᠡᠭᠦᠦᠵᠠᠶᠠᠭ᠎ᠠ᠂ ᠨᠡᠭᠦᠳᠡᠯ
ᠬᠢᠨᠠᠭᠴᠢ᠄ ᠣᠳᠬᠠᠨᠰᠣ᠎ᠠ᠂ ᠰᠡᠬᠡᠭᠡᠷᠡᠯ᠂ ᠭᠠᠷᠮ᠎ᠠ᠂ ᠨᠠᠷᠠᠨ
